ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠠᠷᠪᠠᠨ ᠨᠢᠭᠡ> Хан мунын сүүрс < доорд > – Мөнх зохиоов ᠂Дөдгөөр бодь – Нэгдүгээр бүлэг <11>
ᠲᠦᠲᠦᠭᠡᠷ ᠪᠣᠲᠢ – ᠨᠢᠭᠡᠳᠦᠭᠡᠷ ᠪᠦᠯᠦᠭ <ᠠᠷᠪᠠᠨ ᠨᠢᠭᠡ>
ᠨᠠᠷᠠ ᠤᠨᠠᠬᠤ ᠳ᠋ᠤ᠌ ᠵᠣᠳᠪᠠ ᠮᠡᠢᠷᠡᠨ ᠶᠠᠭᠠᠷᠠᠵᠤ ᠶᠠᠪᠤᠬᠤ ᠶ᠋ᠢᠨ ᠲᠦᠭᠦᠰ ᠪᠣᠯᠪᠠ᠃ ᠰᠡᠭᠦᠳᠡᠷ ᠡᠷᠭᠢᠭᠰᠡᠨ ᠪᠣᠯᠬᠣᠷ ᠠᠭᠤᠯᠠ ᠶ᠋ᠢᠨ ᠵᠢᠯᠠᠭ᠎ᠠ ᠶ᠋ᠢᠨ ᠵᠢᠪᠠᠷ ᠰᠦᠷᠡᠬᠡᠢ ᠵᠢᠩ ᠲᠡᠢ ᠪᠠᠢᠪᠠ᠃
ᠴᠣᠭᠪᠠᠭᠠᠲᠤᠷ᠂ ᠵᠣᠳᠪᠠ ᠮᠡᠢᠷᠡᠨ ᠦ᠌ ᠬᠦᠨᠳᠦ《 ᠭᠠᠨᠵᠤᠭ᠎ᠠ》 ᠲᠠᠢ ᠶᠠᠪᠤᠭ᠎ᠠ ᠰᠠᠨᠠᠭ᠎ᠠ ᠶ᠋ᠢ ᠡᠬᠡ ᠳ᠋ᠡᠭᠡᠨ ᠨᠢ ᠨᠣᠤ ᠦᠭᠡᠢ ᠲᠣᠭᠠᠴᠢᠭᠰᠠᠨ ᠳ᠋ᠤ᠌ ᠬᠥᠭᠰᠢᠨ ᠨᠡᠯᠢᠶᠡᠳ ᠪᠣᠳᠣᠭᠰᠠᠨ ᠢ᠋ᠶ᠋ᠠᠨ᠄
— ᠬᠡᠯᠡᠬᠦ ᠳ᠋ᠦ᠍ ᠠᠮᠠᠷ ᠬᠢᠬᠦ ᠳ᠋ᠦ᠍ ᠲᠦᠪᠡᠭ ᠰᠢᠦ ᠳᠡ ᠬᠦᠦ ᠮᠢᠨᠢ! ᠪᠠᠭ᠎ᠠ ᠬᠠᠲᠤᠨ ᠰᠧᠯᠢᠩ ᠢ᠋ ᠤᠬᠠᠭᠠᠨ ᠬᠢᠨ᠎ᠡ ᠭᠡᠭᠴᠢ ᠨᠠᠭᠠᠳᠤᠮ ᠪᠢᠰᠢ ᠰᠢᠦ! ᠭᠡᠵᠡᠢ᠃
— ᠨᠠᠭᠠᠳᠤᠮ ᠪᠢᠰᠢ ᠭᠡᠳᠡᠭ ᠢ᠋ ᠪᠢ ᠴᠦ᠍ ᠮᠡᠳᠡᠨ᠎ᠡ᠃ ᠭᠡᠬᠦ ᠳ᠋ᠡᠭᠡᠨ᠁
— ᠤᠬᠠᠭᠠᠨ ᠬᠢᠴᠢᠬᠡᠬᠦ ᠪᠡᠷ ᠪᠣᠳᠣᠬᠤ ᠳ᠋ᠤ᠌ ᠪᠠᠷᠠᠭᠤᠨ ᠬᠦᠩ ᠦ᠋ᠨ ᠵᠠᠰᠠᠭ ᠴᠡᠷᠢᠭ ᠦ᠋ᠨ ᠡᠷᠬᠡ ᠴᠢᠨᠦ ᠭᠠᠷ ᠲᠤ ᠣᠷᠣᠬᠤ ᠡᠰᠡᠬᠦ ᠶ᠋ᠢ ᠪᠣᠳᠣᠵᠤ ᠲᠤᠩᠭᠠᠬᠤ ᠬᠡᠷᠡᠭᠲᠡᠢ᠃
— ᠡᠷᠬᠡ ᠶ᠋ᠢ ᠨᠢ ᠮᠤᠰᠬᠢᠬᠤ ᠪᠠᠷ ᠬᠢᠭᠰᠡᠨ ᠶᠦᠮ ᠴᠢᠨᠢ ᠳᠡᠢᠯᠬᠦ ᠯᠡ ᠪᠠᠢ ᠯᠠ ᠦᠭᠡᠢ᠃ ᠲᠠ ᠰᠠᠨᠠᠭ᠎ᠠ ᠠᠮᠤᠷ ᠪᠠᠢ!
— ᠬᠡᠩ! ᠲᠠᠩᠳᠠ ᠬᠡᠦᠬᠡᠳ ᠦ᠋ᠨ ᠨᠠᠭᠠᠳᠤᠮ ᠰᠢᠤᠬᠠᠨ ᠶᠠᠭᠤᠮ᠎ᠠ ᠪᠣᠳᠣᠵᠤ ᠰᠠᠭᠤᠬᠤ ᠶᠤᠮ ᠠ᠋ ᠴᠢ! ᠲᠡᠷᠡ ᠴᠢᠨᠢ ᠳᠡᠭᠡᠷ᠎ᠡ ᠪᠡᠨ ᠲᠦᠰᠢᠭ ᠲᠡᠢ ᠳᠣᠣᠷ᠎ᠠ ᠪᠠᠨ ᠴᠡᠷᠢᠭ ᠲᠡᠢ ᠬᠠᠲᠤᠨ ᠰᠧᠯᠢᠩ ᠬᠥᠮᠦᠨ ᠰᠢᠦ ᠳᠡ! ᠡᠩ ᠦ᠋ᠨ ᠬᠠᠷᠠᠴᠤ ᠭᠡᠵᠦ ᠰᠠᠨᠠᠪᠠ ᠤᠤ? ᠡᠵᠡᠨ ᠨᠣᠶᠠᠨ ᠤ᠋ ᠢᠲᠡᠭᠡᠯ ᠢ᠋ ᠬᠣᠨᠵᠢᠭᠰᠠᠨ ᠡᠮ᠎ᠡ᠂ ᠮᠡᠳᠡᠪᠡ ᠤᠤ ᠬᠦᠦ ᠮᠢᠨᠢ᠂ ᠬᠢᠴᠢᠶᠡᠬᠦ ᠦᠭᠡᠢ ᠪᠣᠯ ᠡᠷᠭᠢᠭᠡᠳ ᠬᠢᠭᠳᠡᠨ᠎ᠡ ᠰᠢᠦ!
— ᠶᠠᠭᠤ ᠬᠠᠮᠢᠶ᠎ᠠ ᠪᠣᠢ? ᠡᠵᠡᠨ ᠨᠣᠶᠠᠨ ᠶᠠᠮᠠᠷ ᠡᠳᠦᠷ ᠲᠡᠭᠡᠨ ᠲᠡᠭᠦᠨ ᠢ᠋ ᠪᠥᠭᠰᠡᠳᠡᠵᠦ ᠪᠠᠢᠬᠤ ᠴᠦ᠍ ᠪᠢᠰᠢ! ᠤᠬᠠᠭᠠᠨ ᠬᠢᠨ᠎ᠡ ᠭᠡᠳ ᠵᠣᠷᠢᠭᠯᠠᠪᠠᠯ ᠶᠠᠭᠤ ᠡᠰᠡ ᠪᠦᠲᠦᠬᠦ ᠪᠣᠢ⁈ ᠲᠡᠭᠦᠨ ᠢ᠋ ᠤᠬᠠᠭᠠᠨ ᠬᠢᠴᠢᠬᠡᠭᠰᠡᠭᠡᠷ ᠨᠢᠭᠡ ᠶᠠᠭᠤᠮ᠎ᠠ ᠪᠣᠯᠬᠤ ᠪᠠᠢᠬ᠎ᠠ!
— ᠵᠠ᠂ ᠲᠡᠭᠡᠪᠡᠯ ᠪᠠᠭ᠎ᠠ ᠬᠠᠲᠤᠨ ᠰᠧᠯᠢᠩ ᠢ᠋ ᠤᠬᠠᠭᠠᠨ ᠬᠢᠴᠢᠬᠡᠳ ᠪᠠᠷᠠᠭᠤᠨ ᠬᠦᠩ ᠦ᠋ᠨ ᠵᠠᠰᠠᠭ ᠴᠡᠷᠢᠭ ᠦ᠋ᠨ ᠡᠷᠬᠡ ᠴᠢᠨᠦ ᠭᠠᠷ ᠲᠤ ᠣᠷᠣᠴᠢᠬᠠᠬᠤ ᠪᠠᠷ ᠪᠣᠳᠣᠶ᠎ᠠ᠃ ᠲᠡᠭᠡᠭᠡᠳ ᠬᠣᠵᠢᠮ ᠡᠨᠡ ᠡᠷᠬᠡ ᠴᠢᠨᠦ ᠭᠠᠷ ᠲᠤ ᠬᠡᠳᠦᠢ ᠤᠳᠠᠭᠠᠨ ᠪᠠᠢᠵᠤ ᠴᠢᠳᠠᠬᠤ ᠶ᠋ᠢ ᠪᠢ ᠮᠠᠭᠠᠳᠯᠠᠵᠤ ᠴᠢᠳᠠᠬᠤ ᠦᠭᠡᠢ ᠪᠠᠢᠨ᠎ᠠ!
— ᠶᠠᠭᠠᠬᠢᠭᠠᠳ ᠤᠳᠠᠭᠠᠨ ᠪᠠᠢᠵᠤ ᠴᠢᠳᠠᠬᠤ ᠦᠭᠡᠢ ᠪᠣᠢ? ᠡᠷᠬᠡ ᠶ᠋ᠢ ᠭᠠᠷ ᠲᠠᠭᠠᠨ ᠣᠷᠣᠭᠤᠯᠵᠤ ᠴᠢᠳᠠᠭᠰᠠᠨ ᠶᠤᠮ ᠴᠢᠨᠢ ᠲᠣᠭᠲᠠᠭᠠᠵᠤ ᠴᠢᠳᠠᠬᠤ ᠦᠭᠡᠢ ᠭᠡᠳᠡᠭ ᠴᠢᠨᠢ ᠶᠠᠭᠤ ᠭᠡᠰᠡᠨ ᠦᠭᠡ ᠪᠣᠢ? ᠡᠯᠳᠡᠩᠭᠡ᠂ ᠵᠣᠳᠪᠠ ᠨᠠᠷ ᠪᠦᠬᠦ ᠤᠴᠢᠷ ᠢ᠋ ᠳᠠᠭᠠᠭᠠᠵᠤ ᠭᠠᠷᠤᠨ᠎ᠠ ᠭᠡᠰᠡᠨ ᠶᠦᠮ ᠴᠢᠨᠢ᠁
— ᠵᠠ᠂ ᠶᠠᠭ ᠳᠠ! ᠤᠴᠢᠷ ᠨᠢ ᠡᠨᠳᠡ ᠯᠡ ᠪᠠᠢᠨ᠎ᠠ᠃ ᠬᠦᠦ ᠮᠢᠨᠢ! ᠡᠷᠬᠡ ᠶ᠋ᠢ ᠣᠯᠬᠤ ᠳ᠋ᠤ᠌ ᠬᠦᠴᠢᠷᠲᠡᠢ᠃ ᠡᠷᠬᠡ ᠶ᠋ᠢ ᠬᠠᠮᠠᠭᠠᠯᠠᠬᠤ ᠳ᠋ᠤ᠌ ᠤᠯᠠᠮ ᠬᠦᠴᠢᠷ ᠲᠡᠢ ᠭᠡᠳᠡᠭ ᠢ᠋ ᠮᠡᠳᠡᠬᠦ ᠬᠡᠷᠡᠭᠲᠡᠢ᠃ ᠡᠯᠳᠡᠩᠭᠡ ᠴᠢᠨᠦ ᠡᠴᠢᠭᠡ ᠲᠡᠢ ᠬᠡᠷᠡᠭᠰᠡᠨ ᠬᠣᠶᠠᠷ ᠪᠤᠬ᠎ᠠ ᠰᠢᠭ᠋ ᠮᠥᠷᠭᠥᠯᠳᠦᠵᠦ ᠪᠠᠢᠭᠰᠠᠨ ᠶᠤᠮ ᠠ᠋! ᠡᠯᠳᠡᠩᠭᠡ ᠶ᠋ᠢ ᠪᠠᠷᠠᠭᠤᠨ ᠬᠦᠩ ᠦ᠋ᠨ ᠬᠢᠨ ᠮᠡᠳᠡᠬᠦ ᠦᠭᠡᠢ ᠬᠥᠮᠦᠨ ᠦᠭᠡᠢ᠃ ᠬᠤᠢᠬᠤᠷ ᠬᠤᠯᠵᠢᠨ᠂ ᠬᠠᠰᠢᠷ ᠤᠬᠠᠭᠠᠨ ᠲᠠᠢ ᠰᠦᠷᠡᠬᠡᠢ ᠬᠥᠮᠦᠨ ᠦ᠌ ᠨᠢᠭᠡ᠃ ᠬᠡᠩᠬᠦᠳᠡᠭ ᠲᠤᠨᠢ ᠲᠦᠢᠮᠡᠷ ᠰᠢᠲᠠᠭᠰᠠᠨ ᠴᠦ᠍ ᠬᠠᠮᠠᠷ ᠢ᠋ᠶ᠋ᠠᠷ ᠢ᠋ᠶ᠋ᠠᠨ ᠤᠲᠤᠭ᠎ᠠ ᠭᠠᠷᠭᠠᠳᠠᠭ ᠦᠭᠡᠢ ᠳᠣᠲᠣᠷ᠎ᠠ ᠲᠠᠮᠢᠷ ᠲᠠᠢ ᠬᠥᠮᠦᠨ ᠳᠡ᠃ ᠲᠤᠰᠠᠯᠠᠭᠴᠢ ᠨᠣᠶᠠᠨ ᠤ᠋ ᠵᠢᠩᠰᠡ ᠲᠡᠢ ᠰᠡᠩᠭᠢᠨᠡᠭᠦᠯᠵᠦ ᠶᠠᠪᠤᠭᠰᠠᠨ ᠡᠴᠢᠭᠡ ᠴᠢᠨᠢ ᠬᠦᠷᠲᠡᠯ᠎ᠡ ᠲᠡᠰᠦᠭᠰᠡᠨ ᠦᠭᠡᠢ ᠡᠴᠦᠰ ᠲᠡᠭᠡᠨ ᠶᠠᠭᠠᠬᠢᠯ᠎ᠠ? ᠴᠢᠮ᠎ᠠ ᠰᠢᠭ᠋ ᠪᠣᠳᠣᠯ ᠲᠦᠭᠦᠬᠡᠢ ᠬᠣᠭᠣᠰᠣᠨ ᠲᠣᠯᠣᠭᠠᠢ ᠶ᠋ᠢ ᠡᠯᠳᠡᠩᠭᠡ ᠶᠠᠭᠠᠬᠢᠶ᠎ᠠ ᠭᠡᠪᠡᠯ ᠶᠠᠭᠠᠬᠢᠨ᠎ᠠ ᠰᠢᠦ ᠳᠡ᠃ ᠲᠡᠭᠦᠨ ᠦ᠌ ᠪᠠᠭᠠᠰᠢᠨ ᠳ᠋ᠤ᠌ ᠣᠷᠣᠭᠠᠳ ᠪᠠᠭ᠎ᠠ ᠬᠠᠲᠤᠨ ᠰᠧᠯᠢᠩ ᠦ᠋ᠨ ᠡᠷᠬᠡ ᠶ᠋ᠢ ᠠᠪᠬᠤ ᠭᠡᠵᠦ ᠲᠡᠭᠦᠨ ᠢ᠋ ᠤᠬᠠᠭᠠᠨ ᠬᠢᠴᠢᠬᠡᠳᠡᠭ᠃ ᠲᠡᠭᠡᠭᠡᠳ ᠲᠡᠭᠦᠨ ᠦ᠌ ᠳᠠᠷᠠᠭ᠎ᠠ ᠶ᠋ᠢᠨ ᠡᠭᠡᠯᠵᠢ ᠨᠢ ᠬᠡᠨ ᠪᠣᠯᠬᠤ ᠪᠣᠢ? ᠬᠡᠯᠲᠦᠰᠬᠢᠪᠡᠯ ᠴᠢᠨᠦ ᠲᠣᠯᠣᠭᠠᠢ ᠳᠡᠭᠡᠷ᠎ᠡ ᠢᠷᠡᠨ᠎ᠡ᠃ ᠮᠡᠳᠡᠪᠡ ᠤᠤ ᠬᠦᠦ ᠮᠢᠨᠢ! ᠡᠨᠡ ᠪᠣᠯ ᠪᠠᠷᠠᠭᠤᠨ ᠬᠦᠩ ᠦ᠋ᠨ ᠬᠢᠨ ᠳᠣᠲᠣᠷ᠎ᠠ ᠳᠣᠲᠣᠷ᠎ᠠ ᠪᠠᠨ ᠨᠢᠭᠡ ᠨᠢᠭᠡᠨ ᠦ᠌ ᠪᠡᠨ ᠲᠣᠯᠣᠭᠠᠢ ᠶ᠋ᠢ ᠪᠥᠮᠪᠥᠷᠢᠭᠦᠯᠵᠦ《ᠨᠠᠭᠠᠳᠳᠠᠭ》 ᠤᠵᠠᠭᠤᠷ ᠤ᠋ᠨ ᠵᠤᠷᠰᠢᠯ ᠰᠢᠦ!
— ᠲᠡᠭᠡᠪᠡᠯ ᠶᠠᠭᠠᠬᠢᠬᠤ ᠪᠣᠢ? ᠪᠠᠢᠴᠢᠬᠠᠬᠤ ᠤᠤ? ᠠᠮᠢ ᠪᠠᠷ ᠢ᠋ᠶ᠋ᠠᠨ ᠢᠩᠭᠢᠵᠦ ᠬᠠᠲᠠᠭᠤ ᠲᠣᠭᠯᠠᠭᠠᠮ ᠬᠢᠳᠡᠭ ᠬᠥᠮᠦᠨ ᠦ᠌ ᠲᠡᠨᠡᠭ ᠨᠢ ᠪᠢ ᠪᠣᠯᠵᠤ ᠲᠠᠭᠠᠷᠠᠨ᠎ᠠ ᠭᠡᠵᠦ ᠤᠤ? ᠴᠣᠭᠪᠠᠭᠠᠲᠤᠷ ᠤ᠋ᠨ ᠵᠣᠷᠢᠭ ᠮᠣᠬᠣᠵᠤ ᠪᠥᠬᠡ ᠶ᠋ᠢᠨ ᠰᠣᠷᠢᠶᠠᠨ ᠳ᠋ᠤ᠌ ᠰᠢᠷᠣᠢᠲᠤᠭᠰᠠᠨ ᠪᠥᠬᠡ ᠰᠢᠭ ᠨᠡᠪᠰᠡᠢᠪᠡ᠃
— ᠲᠡᠭᠡᠵᠦ ᠪᠣᠯᠬᠤ ᠦᠭᠡᠢ ᠠ᠋! ᠬᠦᠦ ᠮᠢᠨᠢ᠂ ᠪᠠᠭ᠎ᠠ ᠯᠠ ᠬᠠᠳᠠ ᠮᠥᠷᠭᠥᠭᠰᠡᠭᠡᠷ ᠲᠤᠭᠤᠯᠭᠠᠨ ᠰᠤᠮᠤ ᠰᠢᠭ᠋ ᠮᠢᠲᠠᠷᠠᠭᠠᠳ ᠶᠠᠪᠤᠴᠢᠬᠠᠳᠠᠭ ᠡᠷ᠎ᠡ ᠶ᠋ᠢ ᠴᠢᠨᠢ ᠶᠠᠮᠠᠷ ᠡᠷ᠎ᠡ ᠬᠥᠮᠦᠨ ᠭᠡᠬᠦ ᠪᠣᠢ?《ᠡᠷ᠎ᠡ ᠬᠥᠮᠦᠨ ᠵᠣᠷᠢᠭᠰᠠᠨ ᠳ᠋ᠠᠭᠠᠨ᠂ ᠡᠷ᠎ᠡ ᠮᠣᠷᠢ ᠬᠠᠷᠠᠢᠭᠰᠠᠨ ᠳ᠋ᠠᠭᠠᠨ》 ᠭᠡᠳᠡᠭ ᠦᠭᠡᠢ ᠪᠢᠯᠡ ᠤᠤ⁈ ᠪᠠᠷᠠᠭᠤᠨ ᠬᠦᠩ ᠦ᠋ᠨ ᠵᠠᠰᠠᠭ ᠡᠷᠬᠡ ᠤᠷᠠᠳ ᠶᠠᠰᠤᠲᠠᠨ ᠤ᠋ ᠰᠠᠢᠨ ᠡᠷ᠎ᠡ ᠶ᠋ᠢᠨ ᠭᠠᠷ ᠲᠤ ᠪᠠᠢᠬᠤ ᠨᠢ ᠵᠦᠢᠲᠡᠢ᠃ ᠶᠠᠭᠤ ᠭᠡᠵᠦ ᠬᠠᠮᠢᠭ᠎ᠠ ᠭᠠᠵᠠᠷ ᠤ᠋ᠨ ᠥᠨᠥᠴᠢᠨ ᠪᠡᠯᠪᠡᠰᠦᠨ ᠡᠮ᠎ᠡ ᠶ᠋ᠢᠨ ᠭᠠᠷ ᠲᠤ ᠪᠠᠢᠭᠠᠳ ᠪᠠᠢᠵᠤ ᠪᠣᠯᠬᠤ ᠪᠣᠢ? ᠡᠨᠡ ᠡᠷᠬᠡ ᠶ᠋ᠢ ᠲᠡᠷᠡ ᠡᠮ᠎ᠡ ᠶ᠋ᠢᠨ ᠭᠠᠷ ᠠ᠋ᠴᠠ ᠠᠪᠬᠤ ᠳ᠋ᠤ᠌ ᠵᠠᠪᠠᠯ《ᠬᠠᠷ᠎ᠠ》 ᠬᠢᠬᠦ ᠦᠭᠡᠢ ᠪᠣᠯᠬᠤ ᠦᠭᠡᠢ ᠭᠡᠵᠦ ᠰᠢᠭᠤᠳᠤᠭᠰᠠᠨ ᠪᠣᠯ ᠲᠡᠭᠡᠵᠦ ᠬᠢᠬᠦ ᠯᠡ ᠬᠡᠷᠡᠭᠲᠡᠢ! ᠭᠡᠵᠦ ᠮᠠᠨᠤᠨᠪᠠᠳᠮ᠎ᠠ ᠬᠥᠭᠰᠢᠨ ᠬᠦᠦ ᠴᠣᠭᠪᠠᠭᠠᠲᠤᠷ ᠢ᠋ᠶ᠋ᠠᠨ ᠵᠣᠷᠢᠭ ᠣᠷᠣᠭᠤᠯᠬᠤ ᠰᠢᠭ᠋ ᠶᠠᠭᠤᠮ᠎ᠠ ᠶᠠᠷᠢᠭᠰᠠᠨ ᠳ᠋ᠤ᠌ ᠴᠣᠭᠪᠠᠭᠠᠲᠤᠷ ᠭᠠᠢᠬᠠᠰᠢ ᠠᠯᠲᠠᠨ᠄
— ᠲᠡᠭᠡᠭᠡᠳ ᠪᠠᠰᠠ ᠯᠠ ᠥᠨᠥ ᠪᠠᠭ᠎ᠠ ᠬᠠᠲᠤᠨ ᠰᠧᠯᠢᠩ ᠢ᠋ ᠬᠢᠴᠢᠬᠡᠬᠦ ᠶᠠᠭᠤᠮ᠎ᠠ ᠪᠣᠯᠵᠤ ᠪᠠᠢᠨ᠎ᠠ ᠤᠤ? ᠭᠡᠵᠦ ᠠᠰᠠᠭᠤᠬᠤ ᠳ᠋ᠤ᠌᠂
— ᠲᠡᠭᠡᠨ᠎ᠡ! ᠭᠡᠰᠡᠨ ᠳ᠋ᠦ᠍ ᠴᠣᠭᠪᠠᠭᠠᠲᠤᠷ《ᠵᠠ!》 ᠭᠡᠵᠦ ᠬᠡᠯᠡᠬᠦ ᠭᠡᠳ ᠬᠡᠯᠡᠵᠦ ᠴᠢᠳᠠᠭᠰᠠᠨ ᠦᠭᠡᠢ ᠡᠬᠡ ᠪᠡᠨ ᠬᠠᠷᠠᠭᠠᠳ ᠮᠠᠭᠠᠷᠠᠪᠠ᠃
— ᠡᠬᠡ ᠶ᠋ᠢ ᠨᠢ ᠤᠬᠠᠭᠠᠨ ᠬᠢᠬᠦ ᠪᠡᠨ ᠬᠢ! ᠵᠢᠭᠠᠬᠠᠨ ᠬᠦᠦ ᠶ᠋ᠢ ᠬᠠᠷᠢᠨ ᠠᠮᠤᠷ ᠪᠠᠲᠤᠯᠠᠵᠤ ᠠᠪᠬᠤ ᠶ᠋ᠢ ᠮᠠᠷᠲᠠᠵᠤ ᠪᠣᠯᠬᠤ ᠦᠭᠡᠢ᠃ ᠲᠡᠷᠡ ᠴᠢᠨᠦ ᠬᠦᠦ ᠰᠢᠦ ᠳᠡ! ᠮᠢᠩᠭᠠᠨᠪᠤᠤ ᠶ᠋ᠢᠨ ᠤᠳᠤᠮ᠃ ᠮᠡᠳᠡᠪᠡ ᠤᠤ? ᠣᠳᠣ ᠴᠢᠨᠦ ᠡᠮᠦᠨ᠎ᠡ ᠭᠠᠭᠴᠠᠬᠠᠨ ᠰᠣᠩᠭᠣᠯᠲᠠ ᠦᠯᠡᠳᠡᠵᠦ ᠪᠠᠢᠨ᠎ᠠ᠃ ᠵᠣᠷᠢᠭ ᠢ᠋ᠶ᠋ᠠᠨ ᠪᠠᠷᠢᠭᠠᠳ ᠲᠡᠷᠡ ᠡᠮ᠎ᠡ ᠶ᠋ᠢ ᠤᠬᠠᠭᠠᠨ ᠬᠢᠬᠦ ᠯᠡ ᠬᠡᠷᠡᠭᠲᠡᠢ᠃ ᠤᠴᠢᠷ ᠨᠢ ᠴᠢ ᠨᠢᠭᠡᠨᠲᠡ ᠡᠯᠳᠡᠩᠭᠡ ᠵᠣᠳᠪᠠ ᠨᠠᠷ ᠤ᠋ᠨ ᠠᠷᠭ᠎ᠠ ᠪᠠᠭᠠᠰᠢᠨ ᠳ᠋ᠤ᠌ ᠬᠥᠯ ᠢ᠋ᠶ᠋ᠡᠨ ᠳᠦᠷᠦᠴᠢᠬᠡᠭᠰᠡᠨ ᠪᠣᠯᠬᠣᠷ ᠰᠧᠯᠢᠩ ᠬᠠᠲᠤᠨ ᠢ᠋ ᠳᠤᠷ᠎ᠠ ᠲᠠᠢ ᠴᠦ᠍ ᠲᠣᠨᠢᠯᠭᠠᠨ᠎ᠠ᠂ ᠳᠤᠷ᠎ᠠ ᠦᠭᠡᠢ ᠴᠦ᠍ ᠲᠣᠨᠢᠯᠭᠠᠨ᠎ᠠ᠃ ᠶᠠᠪᠤᠳᠠᠯ ᠤᠴᠢᠷ ᠴᠢᠨᠦ ᠡᠮᠦᠨ᠎ᠡ ᠲᠤᠭᠤᠯᠵᠤ ᠭᠠᠷᠬᠤ ᠠ᠋ᠴᠠ ᠪᠢᠰᠢ ᠲᠣᠭᠣᠷᠢᠵᠤ ᠭᠠᠷᠬᠤ ᠦᠭᠡᠢ ᠪᠣᠯᠤᠭᠰᠠᠨ ᠠ᠋ᠴᠠ ᠯᠠ ᠬᠣᠢᠰᠢ ᠴᠢ ᠣᠳᠣ《ᠦᠭᠡᠢ ᠠ᠋》 ᠭᠡᠳ ᠪᠥᠭᠰᠡ ᠪᠡᠷ ᠢ᠋ᠶ᠋ᠡᠨ ᠴᠤᠬᠤᠷᠢᠬᠤ ᠳ᠋ᠤ᠌ ᠡᠯᠳᠡᠩᠭᠡ ᠴᠢᠮᠠᠶ᠋ᠢ ᠵᠦᠭᠡᠷ ᠲᠠᠯᠪᠢᠬᠤ ᠦᠭᠡᠢ ᠰᠢᠦ! ᠨᠢᠭᠡ ᠪᠣᠯ ᠴᠢᠮᠠᠶ᠋ᠢ ᠰᠧᠯᠢᠩ ᠬᠠᠲᠤᠨ ᠲᠠᠢ ᠬᠤᠤᠪᠢᠯᠳᠤᠯᠠ ᠭᠡᠵᠦ ᠴᠢᠨᠦ ᠣᠳᠣ ᠶ᠋ᠢᠨ ᠡᠷᠬᠡ ᠲᠤᠰᠢᠶᠠᠯ ᠢ᠋ ᠴᠢᠨᠢ ᠮᠤᠯᠲᠤᠯᠵᠤ ᠣᠷᠬᠢᠨ᠎ᠠ᠃ ᠨᠢᠭᠡ ᠪᠣᠯ ᠴᠢᠮᠠᠶ᠋ᠢ ᠴᠠᠭᠠᠰᠢ ᠨᠢ ᠬᠠᠨᠳᠤᠭᠤᠯᠬᠤ ᠳ᠋ᠤ᠌ ᠴᠢ ᠶᠠᠭᠠᠬᠢᠵᠤ ᠦᠬᠦᠭᠰᠡᠨ ᠢ᠋ᠶ᠋ᠡᠨ ᠴᠦ᠍ ᠮᠡᠳᠡᠬᠦ ᠦᠭᠡᠢ ᠪᠣᠯᠤᠨ᠎ᠠ᠃ ᠡᠢᠮᠦ ᠪᠣᠯᠬᠣᠷ ᠬᠦᠦ ᠮᠢᠨᠢ ᠴᠢᠨᠦ ᠡᠮᠦᠨ᠎ᠡ《ᠬᠢᠴᠢᠬᠡᠪᠡᠴᠦ ᠦᠬᠦᠨ᠎ᠡ᠂ ᠬᠢᠬᠦ ᠦᠭᠡᠢ ᠴᠦ᠍ ᠦᠬᠦᠨ᠎ᠡ》 ᠭᠡᠰᠡᠨ ᠰᠣᠩᠭᠣᠯᠲᠠ ᠲᠠᠯᠪᠢᠭᠳᠠᠬᠤ ᠳ᠋ᠤ᠌ ᠴᠢ ᠠᠯᠢᠨ ᠢ᠋ ᠨᠢ ᠰᠣᠩᠭᠣᠨ᠎ᠠ ᠪᠣᠢ?
ᠴᠣᠭᠪᠠᠭᠠᠲᠤᠷ ᠦᠭᠡ ᠳᠠᠭᠤᠨ ᠦᠭᠡᠢ᠂ ᠡᠬᠡ ᠪᠡᠨ ᠪᠦᠯᠲᠡᠭᠡᠨᠡᠨ ᠬᠠᠷᠠᠨ᠎ᠠ᠃
— ᠬᠡᠷᠡᠭ ᠢ᠋ᠶ᠋ᠡᠨ ᠬᠢᠴᠢᠬᠡᠭᠡᠳ ᠳᠠᠷᠠᠭ᠎ᠠ ᠨᠢ ᠤᠬᠠᠭᠠᠯᠠᠬᠤ ᠠ᠋ᠴᠠ ᠪᠢᠰᠢ᠂ ᠬᠡᠢ ᠬᠣᠭᠣᠰᠣᠨ《ᠮᠠᠢ》 ᠭᠡᠳ ᠠᠮᠢ ᠪᠠᠷ ᠢ᠋ᠶ᠋ᠠᠨ ᠨᠠᠭᠠᠳᠳᠠᠭ ᠬᠥᠮᠦᠨ ᠬᠠᠮᠢᠭ᠎ᠠ ᠪᠠᠢᠬᠤ ᠪᠣᠢ? ᠡᠭᠦᠨ ᠢ᠋ ᠠᠷᠭᠠᠴᠠᠭᠠᠬᠤ ᠳ᠋ᠤ᠌ ᠪᠠᠰᠠ ᠨᠢᠭᠡ ᠮᠡᠷᠭᠡᠨ ᠠᠷᠭ᠎ᠠ ᠪᠣᠢ ᠭᠡᠵᠦ ᠮᠠᠨᠤᠨᠪᠠᠳᠮ᠎ᠠ ᠬᠥᠭᠰᠢᠨ《ᠤᠬᠠᠭᠠᠨ ᠤ᠋ ᠤᠭᠤᠲᠠ》 ᠶ᠋ᠢᠨ ᠢ᠋ᠶ᠋ᠡᠨ ᠠᠮᠠᠰᠠᠷ ᠢ᠋ ᠨᠡᠭᠡᠭᠡᠪᠡ᠃ ᠢᠩᠭᠢᠵᠦ ᠬᠡᠯᠡᠬᠦ ᠶ᠋ᠢ ᠰᠣᠨᠣᠰᠤᠭᠰᠠᠨ ᠴᠣᠭᠪᠠᠭᠠᠲᠤᠷ ᠤ᠋ᠨ ᠨᠢᠳᠦ ᠣᠩᠭᠣᠢᠵᠤ《ᠶᠠᠭᠤ ᠪᠢᠯᠡ?》 ᠭᠡᠰᠡᠨ ᠰᠢᠤᠬᠠᠨ ᠡᠵᠢ ᠶ᠋ᠢᠨ ᠢ᠋ᠶ᠋ᠡᠨ ᠠᠭᠤᠳᠠᠯᠤᠭᠠᠳ ᠪᠠᠷᠠᠳᠠᠭ ᠦᠭᠡᠢ《ᠤᠬᠠᠭᠠᠨ ᠤ᠋ ᠤᠭᠤᠲᠠ》 ᠶ᠋ᠢᠨ ᠠᠮᠠᠰᠠᠷ ᠢ᠋ ᠨᠢᠳᠦ ᠴᠠᠪᠴᠢᠯ ᠦᠭᠡᠢ ᠰᠢᠷᠲᠡᠬᠦ ᠶ᠋ᠢ ᠬᠠᠷᠠᠬᠤ ᠳ᠋ᠤ᠌ ᠬᠥᠭᠡᠷᠦᠬᠦᠢᠯᠡᠯᠲᠡᠢ ᠠᠵᠢ᠃
— ᠵᠠ᠂ ᠬᠦᠦ ᠮᠢᠨᠢ! ᠴᠢ ᠣᠳᠣ ᠤᠬᠠᠭᠠᠯᠠᠵᠤ ᠪᠠᠢᠭᠠᠳ ᠡᠯᠳᠡᠩᠭᠡ ᠶ᠋ᠢᠨ ᠠᠴᠢ ᠥᠬᠢᠨ ᠢ᠋ ᠵᠢᠲᠥᠭᠡᠷ ᠬᠠᠲᠤᠨ ᠢ᠋ᠶ᠋ᠠᠨ ᠪᠣᠯᠭᠠᠵᠤ ᠪᠠᠭᠤᠯᠭᠠᠵᠤ ᠠᠪᠬᠤ ᠶ᠋ᠢ ᠪᠣᠳᠣ! ᠢᠩᠭᠢᠪᠡᠯ ᠬᠠᠷᠢᠨ ᠨᠢᠭᠡ ᠤᠬᠠᠭᠠᠨ ᠪᠣᠯᠬᠤ ᠪᠣᠢ ᠭᠡᠵᠦ ᠮᠠᠨᠤᠨᠪᠠᠳᠮ᠎ᠠ ᠶ᠋ᠢᠨ ᠬᠡᠯᠡᠬᠦ ᠦᠭᠡᠨ ᠦ᠌ ᠵᠠᠮ ᠢ᠋ ᠴᠣᠭᠪᠠᠭᠠᠲᠤᠷ ᠲᠣᠰᠴᠤ᠄
— ᠠᠢ᠂ ᠲᠡᠷᠡ ᠠᠮᠠᠷᠬᠠᠨ ᠠ᠋! ᠣᠳᠣ ᠴᠦ᠍ ᠪᠡᠯᠡᠨ ᠪᠠᠢᠭ᠎ᠠ᠁ ᠵᠣᠳᠪᠠ ᠮᠡᠢᠷᠡᠨ ᠡᠨᠡ ᠲᠤᠬᠠᠢ ᠲᠠᠢ ᠦᠭᠡ ᠥᠳᠥᠵᠦ ᠪᠠᠢᠨ᠎ᠠ ᠪᠢᠯᠡ ᠭᠡᠪᠡᠯ ᠮᠠᠨᠤᠨᠪᠠᠳᠮ᠎ᠠ ᠬᠥᠭᠰᠢᠨ᠄
— ᠶᠠᠭᠤᠮ᠎ᠠ ᠪᠦᠬᠦᠨ ᠴᠢᠨᠦ ᠠᠮᠠᠨ ᠳ᠋ᠤ᠌ ᠣᠷᠣᠭᠰᠠᠭᠠᠷ《ᠠᠮᠠᠷᠬᠠᠨ》 ᠭᠡᠳ ᠯᠡ ᠤᠩᠰᠢᠬᠤ ᠶᠤᠮ ᠠ᠋! ᠲᠡᠢᠮᠦ ᠠᠮᠠᠷᠬᠠᠨ ᠶᠠᠭᠤᠮ᠎ᠠ ᠪᠢᠰᠢ ᠠ᠋! ᠬᠦᠦ ᠮᠢᠨᠢ᠂ ᠲᠡᠷᠡ ᠲᠡᠷᠡ ᠴᠢᠨᠢ ᠪᠦᠷ ᠵᠢᠭᠠᠰᠤᠨ ᠤ᠋ ᠭᠥᠬᠢ ᠳ᠋ᠦ᠍ ᠤᠶᠠᠭᠰᠠᠨ ᠥᠭᠶᠥᠭᠡ᠃
— ᠠᠶ᠎ᠠ᠂ ᠮᠥᠮᠥ ᠠ᠋! ᠲᠠ ᠶᠠᠭᠠᠬᠢᠬᠤ ᠳ᠋ᠠᠭᠠᠨ ᠢᠩᠭᠢᠳᠡᠭ ᠶᠦᠮ ᠪᠣᠢ? ᠶᠠᠭᠤ ᠪᠦᠬᠦᠨ ᠲᠠᠨ ᠤ᠋ ᠠᠮᠠᠨ ᠳ᠋ᠤ᠌ ᠣᠷᠣᠭᠰᠠᠭᠠᠷ ᠳᠠᠪᠠᠰᠢ ᠦᠭᠡᠢ ᠳᠠᠪᠠᠭ᠎ᠠ ᠲᠠᠢ ᠪᠡᠷᠬᠡ ᠶᠠᠭᠤᠮ᠎ᠠ ᠪᠣᠯᠳᠠᠭ᠂ ᠮᠥᠨ ᠰᠣᠨᠢᠨ ᠶᠤᠮ ᠠ᠋! ᠭᠡᠵᠦ ᠳᠣᠲᠣᠷ᠎ᠠ ᠨᠢ ᠪᠠᠴᠢᠮᠳᠠᠨ ᠡᠯᠳᠡᠩᠭᠡ ᠶ᠋ᠢᠨ ᠠᠴᠢ ᠥᠬᠢᠨ ᠲᠡᠢ ᠰᠠᠢᠷᠬᠠᠵᠤ ᠢᠨᠠᠭᠯᠠᠭᠰᠠᠨ ᠢ᠋ᠶ᠋ᠠᠨ ᠪᠣᠳᠣᠵᠤ ᠡᠬᠡ ᠶ᠋ᠢᠨ ᠢ᠋ᠶ᠋ᠡᠨ ᠡᠮᠦᠨ᠎ᠡ ᠡᠴᠡ ᠪᠠᠲᠤᠯᠠᠭ᠎ᠠ ᠲᠠᠢ ᠶᠠᠭᠤᠮ᠎ᠠ ᠬᠡᠯᠡᠨ᠎ᠡ᠃
— ᠨᠠᠰᠤᠨᠴᠡᠴᠡᠭ ᠢ᠋ ᠭᠡᠪᠡᠯ ᠡᠷ᠎ᠡ ᠨᠢ ᠵᠢᠯᠢᠢᠭᠴᠢ ᠪᠣᠯᠤᠭᠰᠠᠨ ᠤ᠋ ᠬᠣᠢᠨ᠎ᠠ ᠳᠤᠮᠳᠠᠳᠤ ᠬᠦᠩ ᠦ᠋ᠨ ᠠᠮᠪᠠᠨ ᠨᠣᠶᠠᠨ ᠤ᠋ ᠬᠦᠦ ᠰᠤᠷᠠᠵᠤ ᠪᠠᠢᠬᠤ ᠴᠢᠮᠡᠭᠡ ᠲᠡᠢ᠃ ᠨᠥᠭᠦᠭᠡ ᠮᠠᠨᠤᠬᠤᠸᠠᠷ ᠨᠢ ᠥᠨᠥᠬᠢ ᠬᠣᠰᠢᠭᠤ ᠣᠪᠣᠭᠠᠨ ᠨᠠᠢᠷ ᠳᠡᠭᠡᠷ᠎ᠡ ᠪᠥᠬᠡ ᠳ᠋ᠦ᠍ ᠲᠡᠷᠢᠭᠦᠯᠡᠳᠡᠭ ᠪᠣᠷᠣ ᠵᠠᠯᠠᠭᠤ ᠳ᠋ᠤ᠌ ᠰᠠᠨᠠᠭ᠎ᠠ ᠲᠠᠢ ᠪᠣᠯᠴᠢᠬᠠᠯ᠎ᠠ ᠯᠠ ᠭᠡᠰᠡᠨ ᠰᠤᠷᠠᠭ ᠳᠤᠭᠤᠯᠳᠠᠬᠤ ᠶᠤᠮ᠃
— ᠲᠡᠷᠡ ᠬᠠᠮᠢᠶ᠎ᠠ ᠦᠭᠡᠢ᠃ ᠳᠤᠮᠳᠠᠳᠤ ᠬᠦᠩ ᠦ᠋ᠨ ᠠᠮᠪᠠᠨ ᠨᠣᠶᠠᠨ ᠤ᠋ ᠬᠦᠦ ᠲᠡᠢ ᠮᠥᠴᠡᠭᠡᠷᠬᠡᠵᠦ ᠳᠡᠢᠯᠬᠦ ᠦᠭᠡᠢ ᠪᠡᠷ ᠪᠣᠳᠣᠶ᠎ᠠ᠂ ᠮᠠᠨᠤᠬᠤᠸᠠᠷ ᠲᠤ ᠰᠠᠨᠠᠭᠠᠷᠬᠠᠭᠰᠠᠨ ᠮᠠᠭᠤ ᠴᠠᠭᠠᠴᠢ ᠶ᠋ᠢ ᠴᠦ᠍ ᠪᠣᠯ ᠶᠠᠭᠠᠬᠢᠭᠠᠳ ᠴᠦ᠍ ᠳᠡᠢᠯᠦᠨ᠎ᠡ ᠭᠡᠵᠦ ᠲᠠᠯ᠎ᠠ ᠶ᠋ᠢᠨ ᠴᠡᠴᠡᠭ ᠲᠠᠰᠤᠳᠠᠬᠤ ᠰᠢᠤᠬᠠᠨ ᠮᠠᠰᠢ ᠪᠠᠷᠳᠠᠮ ᠶᠠᠭᠤᠮ᠎ᠠ ᠶᠠᠷᠢᠬᠤ ᠳ᠋ᠤᠨᠢ ᠮᠠᠨᠤᠨᠪᠠᠳᠮ᠎ᠠ᠄
— ᠵᠠ᠂ ᠮᠡᠳᠡᠬᠦ ᠦᠭᠡᠢ ᠳᠡ᠂ ᠲᠡᠢᠮᠦ ᠴᠦ᠍ ᠪᠣᠯ ᠶᠠᠭᠠᠬᠢᠬᠤ ᠪᠣᠢ᠂ ᠪᠣᠯᠤᠨ᠎ᠠ ᠪᠢᠵᠡ! ᠡᠯᠳᠡᠩᠭᠡ ᠲᠡᠢ ᠬᠣᠲᠠ ᠤᠷᠤᠭ ᠪᠠᠷᠢᠯᠳᠤᠴᠢᠬᠠᠪᠠᠯ ᠬᠣᠵᠢᠮ ᠤ᠋ᠨ ᠮᠠᠷᠭᠠᠲᠤᠷ ᠡᠷᠬᠡ ᠠᠰᠢᠭ ᠠᠮᠢ ᠨᠠᠰᠤ ᠪᠠᠨ ᠴᠦ᠍ ᠥᠨᠢᠳᠡ ᠪᠠᠲᠤᠯᠠᠵᠤ ᠴᠢᠳᠠᠬᠤ ᠪᠠᠷ ᠪᠠᠷᠠᠬᠤ ᠦᠭᠡᠢ ᠪᠦᠬᠦ ᠶᠠᠭᠤᠮ᠎ᠠ ᠰᠠᠨᠠᠭ᠎ᠠ ᠪᠠᠷ ᠴᠢᠨᠢ ᠵᠢᠷᠣᠭᠠᠯᠠᠨᠠ ᠳᠠ! ᠭᠡᠪᠡ᠃
ᠮᠠᠨᠤᠨᠪᠠᠳᠮ᠎ᠠ ᠬᠥᠭᠰᠢᠨ ᠥᠯᠵᠡᠢ ᠪᠡᠯᠭᠡ ᠲᠡᠢ ᠡᠳᠦᠷ ᠰᠣᠩᠭᠣᠵᠤ ᠴᠠᠢ ᠶ᠋ᠢᠨ ᠰᠢᠭᠦᠰᠦ᠂ ᠠᠷᠢᠬᠢ᠂ ᠪᠣᠭᠣᠳᠠᠯ ᠪᠣᠣᠪᠣ᠂ ᠬᠠᠳᠠᠭ ᠰᠠᠮᠪᠠᠢ ᠵᠡᠷᠭᠡ ᠰᠠᠪᠠ ᠰᠠᠭᠠᠯᠢ ᠪᠠᠵᠠᠭᠠᠨ ᠡᠯᠳᠡᠩᠭᠡ ᠶ᠋ᠢᠨ ᠠᠴᠢ ᠥᠬᠢᠨ ᠨᠠᠰᠤᠨᠴᠡᠴᠡᠭ ᠢ᠋ ᠴᠣᠭᠪᠠᠭᠠᠲᠤᠷ ᠲᠠᠭᠠᠨ ᠵᠢᠲᠥᠭᠡᠷ ᠪᠡᠷᠢ ᠪᠡᠷ ᠭᠤᠶᠤᠵᠤ ᠬᠠᠳᠠᠭ ᠲᠠᠯᠪᠢᠬᠤ ᠪᠠᠷ ᠬᠥᠨᠳᠡᠯᠡᠨ ᠦ᠌ ᠬᠥᠮᠦᠨ ᠶᠠᠪᠤᠭᠤᠯᠪᠠ᠃
ᠶᠠᠪᠤᠳᠠᠯ ᠤᠴᠢᠷ ᠭᠡᠭᠴᠢ ᠶᠠᠭᠠᠬᠢᠵᠤ ᠴᠠᠭᠠᠭᠤᠷ ᠢ᠋ᠶ᠋ᠠᠨ ᠲᠡᠭᠡᠵᠦ ᠡᠪ ᠮᠠᠭᠤ ᠲᠠᠭᠠᠷᠠᠵᠤ ᠣᠴᠢᠨ᠎ᠠ ᠭᠡᠵᠦ ᠬᠡᠯᠡᠨ᠎ᠡ ᠪᠣᠢ᠂ ᠲᠡᠷᠡ ᠡᠳᠦᠷ ᠨᠢ ᠴᠢᠪ ᠭᠡᠮᠡᠨ ᠳᠤᠮᠳᠠᠳᠤ ᠬᠦᠩ ᠦ᠋ᠨ ᠠᠮᠪᠠᠨ ᠨᠣᠶᠠᠨ ᠪᠠᠪᠤᠤ ᠬᠦᠦ ᠳ᠋ᠡᠭᠡᠨ ᠨᠠᠰᠤᠨᠴᠡᠴᠡᠭ ᠢ᠋ ᠤᠷᠤᠭ ᠭᠤᠶᠤᠬᠤ ᠪᠠᠷ ᠤᠷᠢᠲᠠᠵᠤ ᠢᠷᠡᠭᠡᠳ ᠰᠠᠪᠠ ᠰᠠᠭᠠᠯᠢ ᠪᠠᠨ ᠲᠠᠯᠪᠢᠴᠢᠬᠠᠭᠰᠠᠨ ᠲᠠᠢ ᠲᠠᠭᠠᠷᠠᠯᠳᠤᠪᠠ᠃
ᠡᠨᠡ ᠤᠴᠢᠷ ᠲᠤ ᠮᠠᠨᠤᠨᠪᠠᠳᠮ᠎ᠠ ᠬᠥᠭᠰᠢᠨ ᠪᠠᠪᠤᠤ ᠠᠮᠪᠠᠨ ᠤ᠋ ᠡᠮᠡᠭᠡᠯ ᠦ᠋ᠨ ᠠᠷᠤ ᠰᠠᠭᠤᠭᠰᠠᠨ ᠪᠣᠯᠬᠣᠷ ᠬᠥᠨᠳᠡᠯᠡᠨ ᠦ᠌ ᠬᠥᠮᠦᠨ ᠭᠠᠨᠵᠤᠭᠠᠯᠠᠵᠤ ᠣᠴᠢᠭᠰᠠᠨ ᠰᠠᠪᠠ ᠰᠠᠭᠠᠯᠢ ᠪᠠᠨ ᠴᠦ᠍ ᠲᠠᠯᠪᠢᠵᠤ ᠴᠢᠳᠠᠭᠰᠠᠨ ᠦᠭᠡᠢ ᠭᠠᠷ ᠤᠨᠵᠢᠢᠯᠭᠠᠭᠰᠠᠭᠠᠷ ᠪᠤᠴᠠᠵᠤ ᠢᠷᠡᠪᠡ᠃
— ᠵᠠ᠂ ᠶᠠᠮᠠᠷ ᠪᠣᠢ? ᠪᠢ ᠬᠡᠯᠡᠭᠰᠡᠨ ᠪᠢᠵᠡ ᠳᠡ! ᠨᠠᠰᠤᠨᠴᠡᠴᠡᠭ ᠢ᠋ ᠳᠤᠮᠳᠠᠳᠤ ᠬᠦᠩ ᠦ᠋ᠨ ᠠᠮᠪᠠᠨ ᠨᠣᠶᠠᠨ ᠪᠠᠪᠤᠤ ᠶ᠋ᠢᠨ ᠬᠦᠦ ᠰᠤᠷᠠᠵᠤ ᠪᠠᠢᠬᠤ ᠶᠠᠩᠵᠤᠲᠠᠢ ᠭᠡᠵᠦ ᠪᠠᠢᠭᠰᠠᠨ ᠨᠢ ᠲᠡᠷᠡ ᠢᠷᠣ᠎ᠠ ᠪᠠᠷ ᠢ᠋ᠶ᠋ᠠᠨ ᠦᠨᠡᠨ ᠪᠠᠢᠵᠤ ᠳᠠ! ᠣᠳᠣ ᠲᠡᠭᠡᠭᠡᠳ ᠮᠠᠨᠤᠬᠤᠸᠠᠷ ᠨᠢ ᠪᠣᠯᠳᠠᠭ ᠰᠠᠨ ᠪᠣᠯ ᠴᠦ᠍ ᠶᠠᠭᠠᠬᠢᠬᠤ ᠪᠣᠢ⁈
— ᠴᠢᠭᠢᠶᠡᠲᠦᠷᠦᠦ! ᠡᠯᠳᠡᠩᠭᠡ ᠵᠣᠳᠪᠠ ᠬᠣᠶᠠᠷ ᠨᠠᠳᠠ ᠪᠠᠷ ᠢᠩᠭᠢᠵᠦ ᠬᠣᠯᠬᠢᠶᠠ ᠲᠠᠢ ᠨᠠᠭᠠᠳᠤᠮ ᠬᠢᠪᠡᠯ ᠴᠦ᠍ ᠲᠡᠷᠡ ᠰᠠᠢᠨ ᠢ᠋ᠶ᠋ᠠᠨ ᠣᠯᠵᠤ ᠦᠵᠡᠬᠦ ᠦᠭᠡᠢ ᠶᠦᠮ ᠠ᠋! ᠭᠡᠵᠦ ᠴᠣᠭᠪᠠᠭᠠᠲᠤᠷ ᠠᠭᠤᠷᠲᠠᠢ ᠬᠡᠯᠡᠬᠦ ᠳ᠋ᠦ᠍ ᠮᠠᠨᠤᠨᠪᠠᠳᠮ᠎ᠠ᠄
— ᠬᠦᠦ ᠮᠢᠨᠢ ᠴᠢ ᠪᠢᠲᠡᠭᠡᠢ ᠲᠡᠨᠡᠭᠳᠡᠭᠡᠳ ᠪᠠᠢ! ᠡᠪᠲᠦ ᠱᠠᠭᠠᠵᠠᠭᠠᠢ ᠪᠤᠭᠤ ᠪᠠᠷᠢᠨ᠎ᠠ ᠭᠡᠳᠡᠭ ᠰᠢᠦ! ᠡᠪᠯᠡᠵᠦ ᠪᠠᠢᠭᠠᠳ ᠮᠡᠳᠡᠶ᠎ᠡ᠃ ᠵᠠ᠂ ᠶᠠᠭᠠᠬᠢᠬᠤ ᠪᠣᠢ᠂ ᠨᠠᠰᠤᠨᠴᠡᠴᠡᠭ ᠴᠦ᠍ ᠪᠡᠶ᠎ᠡ ᠭᠠᠯᠪᠢᠷ᠂ ᠵᠢᠰᠦ ᠴᠢᠷᠠᠢ ᠪᠠᠷ ᠢ᠋ᠶ᠋ᠠᠨ ᠮᠠᠨᠤᠬᠤᠸᠠᠷ ᠠ᠋ᠴᠠ ᠬᠠᠪᠢ ᠦᠭᠡᠢ ᠳᠡᠭᠡᠭᠦᠷ ᠰᠠᠢᠬᠠᠨ ᠪᠦᠰᠡᠭᠦᠢ ᠶᠦᠮ᠃ ᠲᠡᠭᠡᠬᠦ ᠳ᠋ᠡᠭᠡᠨ ᠨᠠᠰᠤᠨᠴᠡᠴᠡᠭ ᠭᠡᠷᠯᠡᠵᠦ ᠥᠩᠭᠡᠷᠡᠭᠰᠡᠨ ᠬᠣᠢᠨ᠎ᠠ ᠳᠠ᠂ ᠡᠨᠡ ᠵᠡᠷᠭᠡ ᠶ᠋ᠢᠨ ᠬᠦᠦ ᠳ᠋ᠦ᠍ ᠮᠢᠨᠢ ᠡᠭᠦᠳᠡ ᠡᠷᠦᠬᠡ ᠲᠡᠩᠴᠡᠬᠦ ᠦᠭᠡᠢ᠃ ᠴᠣᠭᠪᠠᠭᠠᠲᠤᠷ ᠰᠡᠩᠭᠢᠨᠡᠭᠰᠡᠨ ᠰᠠᠢᠬᠠᠨ ᠵᠠᠯᠠᠭᠤ ᠶᠠᠪᠤᠵᠤ ᠶᠠᠪᠤᠵᠤ ᠪᠡᠯᠡᠨ ᠪᠦᠰᠡᠭᠦᠢ① ᠪᠠᠭᠤᠯᠭᠠᠯ᠎ᠠ ᠭᠡᠵᠦ ᠢᠯᠡᠭᠦᠦ ᠳ᠋ᠡᠭᠡᠨ ᠮᠠᠭᠤ ᠨᠡᠷ᠎ᠡ᠁ ᠨᠠᠰᠤᠨᠴᠡᠴᠡᠭ ᠴᠦ᠍ ᠲᠡᠭᠡᠭᠡᠳ ᠬᠠᠷᠢ ᠳ᠋ᠤ᠌ ᠮᠣᠷᠳᠠᠭ ᠮᠣᠷᠳᠠᠭ!
— ᠦᠭᠡᠢ᠂ ᠶᠠᠭᠤ ᠭᠡᠰᠡᠨ ᠦᠭᠡ ᠪᠣᠢ? ᠪᠢ ᠨᠠᠰᠤᠨᠴᠡᠴᠡᠭ ᠲᠡᠢ ᠪᠡᠶ᠎ᠡ ᠪᠡᠷ ᠣᠴᠢᠵᠤ ᠠᠭᠤᠯᠵᠠᠵᠤ ᠪᠠᠢᠭᠠᠳ ᠮᠡᠳᠡᠶ᠎ᠡ! ᠭᠡᠳ ᠴᠣᠭᠪᠠᠭᠠᠲᠤᠷ ᠵᠠᠷᠢᠮ ᠤᠴᠢᠷ ᠶᠠᠪᠤᠳᠠᠯ ᠢ᠋ ᠡᠵᠢ ᠳ᠋ᠡᠭᠡᠨ ᠬᠡᠯᠡᠵᠦ ᠪᠣᠯᠳᠠᠭ ᠦᠭᠡᠢ ᠳ᠋ᠦ᠍ ᠪᠤᠬᠢᠨᠢᠳᠤᠵᠤ ᠡᠭᠦᠳᠡ ᠰᠠᠪᠠᠨ ᠭᠠᠷᠴᠤ ᠶᠠᠪᠤᠪᠠ᠃
ᠡᠯᠳᠡᠩᠭᠡ᠂ ᠮᠠᠨᠤᠨᠪᠠᠳᠮ᠎ᠠ ᠬᠥᠭᠰᠢᠨ ᠦ᠌ ᠶᠠᠪᠤᠭᠤᠯᠤᠭᠰᠠᠨ ᠬᠥᠨᠳᠡᠯᠡᠨ ᠦ᠌ ᠬᠥᠮᠦᠨ ᠦ᠌ ᠰᠠᠪᠠ ᠶ᠋ᠢ ᠲᠤᠰᠤᠭᠰᠠᠨ ᠦᠭᠡᠢ ᠰᠠᠨᠠᠭ᠎ᠠ ᠬᠣᠭᠣᠰᠣᠨ ᠭᠠᠷ ᠤᠨᠵᠢᠭᠠᠷ ᠪᠤᠴᠠᠭᠠᠭᠰᠠᠨ ᠳ᠋ᠠᠭᠠᠨ ᠰᠡᠳᠬᠢᠯ ᠨᠢ ᠲᠦᠪᠳᠡᠬᠦ ᠦᠭᠡᠢ ᠬᠣᠴᠣᠷᠴᠠᠢ᠃
ᠴᠠᠭᠠᠨ ᠰᠠᠷ᠎ᠠ ᠶ᠋ᠢᠨ ᠠᠷᠪᠠᠨ ᠨᠠᠢ᠍ᠮᠠᠨ ᠳ᠋ᠤ᠌ ᠡᠯᠳᠡᠩᠭᠡ ᠲᠠᠬᠠᠷ ᠭᠦᠶᠦᠯᠭᠡᠵᠦ ᠮᠠᠨᠤᠨᠪᠠᠳᠮ᠎ᠠ ᠬᠥᠭᠰᠢᠨ᠂ ᠴᠣᠭᠪᠠᠭᠠᠲᠤᠷ ᠨᠠᠷ ᠢ᠋ ᠭᠡᠷ ᠲᠡᠭᠡᠨ ᠵᠠᠯᠠᠵᠤ ᠦᠪᠡᠳᠡᠭᠰᠢ ᠳᠠᠢᠯᠠᠯᠭ᠎ᠠ ᠬᠢᠪᠡ᠃ ᠤᠭᠤᠴᠠ ᠰᠢᠭᠦᠰᠦ ᠲᠠᠯᠪᠢᠵᠤ᠂ ᠠᠶ᠎ᠠ ᠳᠠᠭᠤᠤ ᠲᠠᠢ ᠰᠠᠢᠬᠠᠨ ᠨᠠᠢᠷᠯᠠᠭᠰᠠᠨ ᠢ᠋ ᠡᠨᠳᠡ ᠳᠤᠷᠠᠳᠬᠤ ᠦᠭᠡᠢ᠃ ᠡᠯᠳᠡᠩᠭᠡ ᠶ᠋ᠢᠨ ᠲᠠᠯ᠎ᠠ ᠠ᠋ᠴᠠ ᠮᠠᠨᠤᠨᠪᠠᠳᠮ᠎ᠠ ᠬᠥᠭᠰᠢᠨ ᠳ᠋ᠦ᠍ ᠠᠴᠢ ᠥᠬᠢᠨ ᠨᠠᠰᠤᠨᠴᠡᠴᠡᠭ ᠦ᠋ᠨ ᠤᠷᠤᠭ ᠤ᠋ᠨ ᠤᠴᠢᠷ ᠡᠪ ᠮᠠᠭᠤ ᠪᠣᠯᠤᠭᠰᠠᠨ ᠲᠤᠬᠠᠢ ᠣᠰᠣᠯ ᠬᠦᠯᠢᠶᠡᠵᠦ᠂ ᠨᠠᠰᠤᠨᠴᠡᠴᠡᠭ ᠴᠦ᠍ ᠭᠡᠷᠯᠡᠵᠦ ᠥᠩᠭᠡᠷᠡᠭᠰᠡᠨ ᠪᠣᠯᠬᠣᠷ ᠴᠣᠭᠪᠠᠭᠠᠲᠤᠷ ᠲᠤᠸᠠᠨᠵᠠᠩ ᠲᠠᠢ ᠡᠭᠦᠳᠡ ᠡᠷᠦᠬᠡ᠂ ᠨᠡᠷ᠎ᠡ ᠲᠥᠷᠥ ᠲᠡᠩᠴᠡᠬᠦ ᠦᠭᠡᠢ ᠴᠦ᠍ ᠶᠦᠮ ᠤᠤ ᠭᠡᠵᠦ ᠴᠠᠯᠠᠭᠠᠢ ᠶᠠᠭᠤᠮ᠎ᠠ ᠪᠣᠳᠣᠯ᠎ᠠ᠁ ᠠᠭᠤᠴᠢᠯᠠᠭᠠᠷᠠᠢ! ᠴᠣᠭᠪᠠᠭᠠᠲᠤᠷ ᠨᠣᠶᠠᠨ ᠢᠯᠡᠭᠦᠦ ᠶᠠᠭᠤᠮ᠎ᠠ ᠪᠣᠳᠣᠬᠤ ᠦᠭᠡᠢ ᠰᠠᠨ ᠪᠣᠯ ᠠᠴᠢ ᠥᠬᠢᠨ ᠮᠠᠨᠤᠬᠤᠸᠠᠷ ᠢ᠋ ᠲᠠᠨ ᠳ᠋ᠤ᠌ ᠵᠢᠲᠥᠭᠡᠷ ᠬᠠᠲᠤᠨ ᠢ᠋ᠶ᠋ᠠᠷ ᠪᠣᠭᠲᠣᠯᠠᠵᠤ ᠥᠭᠭᠦᠶ᠎ᠡ! ᠭᠡᠪᠡ᠃
ᠮᠠᠨᠤᠨᠪᠠᠳᠮ᠎ᠠ ᠬᠥᠭᠰᠢᠨ ᠴᠣᠭᠪᠠᠭᠠᠲᠤᠷ ᠡᠬᠡ ᠬᠦᠦ ᠬᠣᠶᠠᠷ ᠴᠦ᠍ ᠡᠯᠳᠡᠩᠭᠡ ᠶ᠋ᠢᠨ ᠰᠠᠨᠠᠯ ᠢ᠋ ᠪᠦᠷᠢᠨ ᠵᠥᠪᠰᠢᠶᠡᠷᠡᠪᠡ᠃
ᠲᠡᠭᠡᠬᠦ ᠳ᠋ᠦ᠍ ᠮᠠᠨᠤᠬᠤᠸᠠᠷ ᠴᠠᠭᠠᠨ᠎ᠠ ᠪᠠᠨ ᠰᠡᠮᠡᠬᠡᠷ ᠬᠠᠢᠷᠠᠯᠠᠬᠤ ᠬᠥᠮᠦᠨ ᠲᠡᠢ ᠪᠣᠯᠤᠭᠰᠠᠨ ᠳ᠋ᠠᠭᠠᠨ ᠡᠪᠦᠭᠡ ᠡᠴᠢᠭᠡ ᠶ᠋ᠢᠨ ᠰᠠᠨᠠᠭ᠎ᠠ ᠶ᠋ᠢ ᠰᠥᠷᠴᠦ ᠴᠢᠳᠠᠳᠠᠭ ᠦᠭᠡᠢ ᠤᠬᠢᠯᠠᠩᠨᠠᠵᠤ ᠪᠠᠢᠭᠰᠠᠨ ᠢ᠋ ᠶᠠᠭᠤᠨ ᠥᠭᠦᠯᠡᠬᠦ⁈
ᠡᠯᠳᠡᠩᠭᠡ᠂ ᠮᠠᠨᠤᠨᠪᠠᠳᠮ᠎ᠠ ᠡᠬᠡ ᠬᠦᠦ ᠬᠣᠶᠠᠷ ᠲᠠᠢ ᠢᠩᠭᠢᠵᠦ ᠰᠠᠢᠮᠰᠤᠷᠠᠳᠠᠭ ᠤ᠋ᠨ ᠤᠴᠢᠷ ᠨᠢ ᠡᠳᠡᠨᠥᠰ ᠪᠠᠭ᠎ᠠ ᠬᠠᠲᠤᠨ ᠰᠧᠯᠢᠩ ᠲᠡᠢ ᠵᠠᠪᠰᠠᠷ ᠲᠠᠢ ᠪᠣᠯᠤᠭᠰᠠᠨ ᠳ᠋ᠠᠭᠠᠨ᠁
ᠪᠠᠭ᠎ᠠ ᠬᠠᠲᠤᠨ ᠬᠠᠷ᠎ᠠ ᠴᠡᠷᠢᠭ ᠦ᠋ᠨ ᠸᠠᠩ ᠰᠣᠬᠣᠷ ᠠ᠋ᠴᠠ ᠵᠠᠢᠳᠠᠵᠤ ᠬᠠᠩᠬᠠᠲᠠᠢ ᠠ᠋ᠴᠠ ᠶᠠᠮᠤᠨ ᠳ᠋ᠠᠭᠠᠨ ᠪᠤᠴᠠᠭᠰᠠᠨ ᠤ᠋ ᠳᠠᠷᠠᠭ᠎ᠠ ᠬᠡᠰᠢᠭᠲᠡᠢ ᠭᠡᠭᠴᠢ ᠪᠤᠷᠤᠭᠤᠯᠠᠭᠰᠠᠨ ᠨᠡᠷ᠎ᠡ ᠠᠪᠤᠭᠰᠠᠨ ᠠᠩᠴᠢᠨᠵᠠᠪ ᠲᠠᠢ ᠪᠠᠨ ᠠᠭᠤᠯᠵᠠᠭᠰᠠᠨ ᠠ᠋ᠴᠠ ᠵᠠᠩ ᠠᠷᠠᠨᠰᠢ ᠨᠢᠭᠡ ᠯᠡ ᠣᠨᠳᠣᠣ ᠪᠣᠯᠵᠠᠢ᠃ ᠪᠠᠷᠠᠭᠤᠨ ᠬᠦᠩ ᠦ᠋ᠨ ᠵᠠᠰᠠᠭ ᠶᠠᠮᠤᠨ ᠤ᠋ ᠤᠴᠢᠷ ᠲᠤ ᠳᠡᠮᠡᠢ ᠰᠡᠳᠬᠢᠯ ᠴᠢᠯᠡᠭᠡᠬᠦ ᠦᠭᠡᠢ ᠥᠨᠥᠬᠢ ᠠᠩᠴᠢᠨᠵᠠᠪ ᠲᠠᠢ ᠪᠠᠨ ᠢᠨᠠᠭᠰᠢᠵᠤ ᠬᠠᠯᠠᠭᠤᠷᠠᠭᠰᠠᠨ ᠢ᠋ ᠶᠠᠷᠢᠬᠤ ᠦᠭᠡᠢ᠂ ᠠᠩᠴᠢᠨᠵᠠᠪ ᠲᠤ ᠬᠣᠰᠢᠭᠤ ᠶᠠᠮᠤᠨ ᠤ᠋ ᠠᠮᠤᠷ ᠢ᠋ ᠬᠠᠮᠠᠭᠠᠯᠠᠬᠤ ᠴᠡᠷᠢᠭ ᠦ᠋ᠨ ᠯᠢᠶᠠᠨᠵᠠᠩ ᠵᠡᠷᠭᠡ ᠥᠭᠪᠡ᠃ ᠢᠩᠭᠢᠭᠰᠡᠨ ᠡᠴᠡ ᠮᠠᠨᠤᠨᠪᠠᠳᠮ᠎ᠠ ᠬᠥᠭᠰᠢᠨ ᠪᠣᠯᠤᠨ ᠴᠣᠭᠪᠠᠭᠠᠲᠤᠷ ᠢ᠋ ᠴᠦ᠍《ᠬᠦᠢᠲᠡᠨ ᠠᠮᠠᠭᠠᠢ》 ᠵᠡᠭᠦᠯᠭᠡᠨ ᠳᠤᠷ᠎ᠠ ᠦᠭᠡᠢᠴᠡᠯ ᠢ᠋ ᠨᠢ ᠬᠦᠷᠭᠡᠭᠰᠡᠨ ᠢ᠋ ᠡᠨᠳᠡ ᠬᠡᠯᠡᠬᠦ ᠶᠠᠭᠤᠨ᠃ ᠡᠨᠡ ᠬᠦ᠌ ᠬᠣᠪᠣᠷ ᠵᠠᠪᠰᠢᠶᠠᠨ ᠢ᠋ ᠡᠯᠳᠡᠩᠭᠡ ᠶᠠᠭᠤ ᠭᠡᠵᠦ ᠠᠨᠳᠠᠬᠤ ᠪᠣᠢ⁈ ᠡᠬᠡ ᠬᠦᠦ ᠬᠣᠶᠠᠷ ᠢ᠋ ᠢᠩᠭᠢᠵᠦ ᠪᠡᠶ᠎ᠡ ᠳ᠋ᠡᠭᠡᠨ ᠲᠠᠲᠠᠵᠤ ᠪᠠᠢᠭ᠎ᠠ ᠨᠢ ᠡᠨᠡ ᠠᠵᠤᠭᠤ᠃
ᠡᠯᠳᠡᠩᠭᠡ ᠨᠠᠰᠤ ᠳᠥᠭᠥᠬᠦ ᠲᠣᠰᠤᠮ ᠢ᠋ᠶ᠋ᠠᠨ ᠶᠠᠭᠤᠮᠠᠨ ᠳ᠋ᠤ᠌ ᠬᠠᠰᠢᠷ ᠬᠠᠲᠠᠭᠤ ᠰᠡᠳᠬᠢᠯ ᠢ᠋ᠶ᠋ᠡᠨ ᠵᠣᠪᠠᠭᠠᠵᠤ ᠵᠠᠷᠢᠮ ᠰᠥᠨᠢ ᠳ᠋ᠡᠭᠡᠨ ᠨᠣᠢᠷ ᠦᠭᠡᠢ ᠬᠣᠨᠣᠳᠠᠭ ᠨᠢ ᠰᠣᠨᠢᠷᠬᠠᠯᠲᠠᠢ ᠶᠠᠪᠤᠳᠠᠯ ᠪᠢᠰᠢ᠃ ᠲᠡᠷᠡ ᠪᠡᠷ ᠴᠣᠭᠪᠠᠭᠠᠲᠤᠷ ᠤ᠋ᠨ ᠴᠦᠯᠢᠰ ᠳᠣᠯᠭᠢᠨ ᠵᠠᠩ ᠢ᠋ ᠨᠢ ᠱᠠᠯ ᠭᠣᠯᠣᠳᠠᠭ ᠪᠣᠯᠪᠠᠴᠤ ᠳᠡᠭᠡᠷᠡᠩᠭᠦᠢ ᠡᠷᠡᠰ ᠵᠠᠩ ᠳ᠋ᠤᠨᠢ ᠪᠠᠬᠠᠳᠤᠯ ᠲᠥᠷᠥᠳᠡᠭ ᠰᠠᠨ᠃《ᠠ ᠳᠠ᠂ ᠡᠨᠡ ᠬᠦᠦ ᠡᠬᠡ ᠡᠴᠢᠭᠡ ᠶ᠋ᠢᠨ ᠢ᠋ᠶ᠋ᠡᠨ ᠣᠬᠢ ᠰᠠᠢᠨ ᠢ᠋ ᠨᠢ ᠳᠠᠭᠤᠷᠢᠶᠠᠳᠠᠭ ᠦᠭᠡᠢ ᠨᠢ ᠶᠠᠭᠠᠬᠢᠪᠠ⁈ ᠲᠡᠭᠡᠭᠰᠡᠨ ᠴᠦ᠍ ᠪᠣᠯ ᠪᠠᠷᠠᠭᠤᠨ ᠬᠦᠩ ᠢ᠋ ᠳᠦᠷᠭᠢᠭᠦᠯᠦᠭᠰᠡᠨ ᠡᠷ᠎ᠡ ᠪᠠᠢᠵᠤ ᠲᠠᠭᠠᠷᠠᠬᠤ ᠶᠤᠮᠰᠠᠨ᠃ ᠭᠡᠬᠦ ᠳ᠋ᠡᠭᠡᠨ ᠶᠠᠭᠠᠬᠢᠬᠤ ᠪᠣᠢ᠂ ᠡᠨᠡ ᠵᠡᠷᠭᠡ ᠶ᠋ᠢᠨ ᠳᠠᠵᠢᠶᠠᠨ ᠳ᠋ᠤ᠌ ᠬᠦᠷᠴᠢᠬᠡᠭᠰᠡᠨ ᠡᠷ᠎ᠡ ᠶ᠋ᠢ ᠪᠡᠶ᠎ᠡ ᠳ᠋ᠡᠭᠡᠨ ᠲᠠᠲᠠᠵᠤ ᠤᠬᠠᠭᠠᠨ ᠵᠢᠭᠠᠭᠠᠳ ᠯᠠ ᠪᠠᠢᠪᠠᠯ ᠴᠣᠭᠣᠷᠠᠬᠤ ᠪᠠᠢᠯᠭᠦᠢ!》 ᠭᠡᠵᠦ ᠦᠷᠬᠦᠢ ᠪᠣᠳᠣᠳᠠᠭ ᠪᠣᠯᠵᠠᠢ᠃ ᠴᠣᠭᠪᠠᠭᠠᠲᠤᠷ ᠴᠦ᠍ ᠡᠷᠬᠡ ᠰᠦᠷ ᠲᠡᠭᠡᠨ ᠡᠷᠳᠦᠵᠦ ᠲᠡᠭᠦᠨ ᠦ᠌ ᠬᠣᠶᠠᠷ ᠠᠴᠢ ᠥᠬᠢᠨ ᠲᠡᠢ ᠢᠯᠡ ᠨᠢᠭᠡ ᠳᠠᠯᠳᠠ ᠨᠢᠭᠡ ᠰᠠᠢᠨ ᠮᠠᠭᠤ ᠴᠤᠤ ᠭᠠᠷᠭᠠᠵᠤ ᠶᠠᠪᠤᠭ᠎ᠠ ᠶ᠋ᠢ ᠡᠯᠳᠡᠩᠭᠡ ᠰᠣᠨᠣᠰᠤᠭᠰᠠᠨ ᠦᠭᠡᠢ ᠴᠦ᠍ ᠪᠢᠰᠢ᠃ ᠰᠣᠨᠣᠰᠴᠢᠬᠠᠭᠠᠳ ᠰᠣᠨᠣᠰᠤᠭ᠎ᠠ ᠦᠭᠡᠢ ᠶᠦᠮ ᠰᠢᠭ᠂ ᠦᠵᠡᠴᠢᠬᠡᠭᠡᠳ ᠦᠵᠡᠭᠡ ᠦᠭᠡᠢ ᠰᠢᠭ ᠯᠡ ᠶᠠᠪᠤᠬᠤ ᠠ᠋ᠴᠠ ᠪᠢᠰᠢ ᠶᠠᠭᠠᠬᠢᠯᠲᠠᠢ ᠪᠢᠯᠡ⁈ ᠴᠣᠭᠪᠠᠭᠠᠲᠤᠷ ᠤ᠋ᠨ ᠡᠷᠬᠡ ᠰᠦᠷ ᠢ᠋ ᠠᠰᠢᠭᠯᠠᠬᠤ ᠶ᠋ᠢᠨ ᠲᠤᠰᠠᠳᠠ ᠬᠣᠶᠠᠷ ᠠᠴᠢ ᠥᠬᠢᠨ ᠦ᠌ ᠪᠡᠨ ᠠᠯᠢ ᠨᠢᠭᠡ ᠶ᠋ᠢ ᠨᠢ ᠲᠡᠭᠦᠨ ᠳ᠋ᠦ᠍ ᠵᠢᠲᠥᠭᠡᠷ ᠬᠠᠲᠤᠨ ᠪᠣᠯᠭᠠᠨ ᠪᠣᠭᠲᠣᠯᠠᠵᠤ ᠦᠭᠴᠢᠬᠡᠭᠡᠳ ᠴᠣᠭᠪᠠᠭᠠᠲᠤᠷ ᠤ᠋ᠨ ᠬᠠᠮᠠᠷ ᠢ᠋ ᠨᠢ ᠪᠤᠷᠠᠨᠲᠠᠭᠯᠠᠵᠤ ᠤᠷᠭᠢᠶ᠎ᠠ! ᠭᠡᠳ ᠴᠠᠭᠠᠰᠢ ᠬᠠᠷᠠᠵᠤ ᠤᠬᠢᠯᠠᠨ ᠨᠠᠭᠠᠰᠢ ᠬᠠᠷᠠᠵᠤ ᠢᠨᠢᠶᠡᠨ ᠶᠠᠪᠤᠬᠤ ᠦᠭᠡᠢ ᠪᠠᠢᠵᠤ ᠪᠣᠯᠬᠤ ᠦᠭᠡᠢ ᠪᠠᠢᠪᠠ᠃ ᠲᠡᠭᠡᠭᠡᠳ ᠵᠣᠳᠪᠠ ᠮᠡᠢᠷᠡᠨ ᠢ᠋ ᠨᠠᠭᠠᠨ᠎ᠠ ᠴᠠᠭᠠᠨ᠎ᠠ ᠪᠠᠨ ᠭᠦᠶᠦᠯᠭᠡᠨ ᠮᠠᠨᠤᠨᠪᠠᠳᠮ᠎ᠠ ᠬᠥᠭᠰᠢᠨ ᠡᠬᠡ ᠬᠦᠦ ᠬᠣᠶᠠᠷ ᠤ᠋ᠨ ᠪᠣᠳᠣᠯ ᠰᠡᠳᠬᠢᠯ ᠢ᠋ ᠨᠢ ᠳᠠᠩᠰᠠᠨ ᠠᠮᠠᠨ ᠵᠠᠪᠠᠵᠢ ᠶ᠋ᠢ ᠨᠢ ᠲᠤᠷᠰᠢᠵᠤ ᠪᠠᠢᠭ᠎ᠠ ᠨᠢ ᠡᠨᠡ ᠪᠤᠶᠤ᠃
ᠥᠪᠡᠷ ᠢ᠋ᠶ᠋ᠡᠨ ᠬᠠᠷᠢᠨ ᠬᠠᠰᠢᠷ ᠠᠩᠴᠢᠨ ᠰᠢᠭ᠋ ᠬᠠᠪᠬ᠎ᠠ ᠤᠷᠠᠬ᠎ᠠ ᠪᠠᠨ ᠲᠠᠯᠪᠢᠴᠢᠬᠠᠭᠠᠳ ᠬᠠᠮᠢᠭ᠎ᠠ ᠬᠣᠯᠠ ᠠ᠋ᠴᠠ ᠭᠡᠲᠡᠵᠦ ᠰᠠᠭᠤᠳᠠᠭ ᠲᠠᠭᠠᠨ ᠶᠠᠪᠤᠳᠠᠯ ᠤᠴᠢᠷ ᠶᠡᠷᠦ ᠨᠢ ᠰᠠᠨᠠᠭ᠎ᠠ ᠪᠠᠷ ᠨᠢ ᠪᠣᠯᠵᠤ ᠥᠭᠳᠡᠭ ᠦᠭᠡᠢ ᠳ᠋ᠦ᠍ ᠵᠣᠪᠠᠬᠤ ᠳ᠋ᠠᠭᠠᠨ ᠵᠣᠪᠠᠵᠤ᠂ ᠭᠠᠰᠠᠯᠬᠤ ᠳ᠋ᠤ᠌ ᠪᠠᠨ ᠭᠠᠰᠠᠯᠬᠤ ᠦᠭᠡᠢ ᠶᠠᠭᠠᠬᠢᠬᠤ ᠪᠣᠢ⁈ ᠵᠠᠷᠢᠮ ᠳ᠋ᠠᠭᠠᠨ ᠥᠪᠡᠷ ᠦ᠋ᠨ ᠢ᠋ᠶ᠋ᠡᠨ ᠤᠬᠠᠭᠠᠨ ᠳ᠋ᠠᠭᠠᠨ ᠰᠢᠲᠠᠵᠤ ᠮᠡᠷᠭᠡᠨ ᠲᠡᠨᠡᠭ ᠪᠣᠯᠴᠢᠬᠠᠭᠠᠳ ᠪᠡᠶ᠎ᠡ ᠪᠡᠨ ᠭᠣᠯᠣᠵᠤ ᠬᠦᠢᠲᠡᠨ ᠢ᠋ᠶ᠋ᠡᠷ ᠢᠨᠢᠶᠡᠵᠦ《ᠮᠠᠯ ᠤ᠋ᠨ ᠬᠥᠯ ᠳ᠋ᠦ᠍ ᠤᠮᠠᠷᠠᠲᠠᠯᠠ ᠭᠢᠰᠬᠢᠭᠦᠯᠦᠭᠰᠡᠨ ᠵᠦᠯᠭᠡ ᠶ᠋ᠢᠨ ᠴᠡᠴᠡᠭ ᠰᠢᠭ᠋ ᠬᠣᠶᠠᠷ ᠠᠴᠢ ᠥᠬᠢᠨ ᠢ᠋ᠶ᠋ᠡᠨ ᠮᠠᠭᠤ ᠴᠣᠭᠪᠠᠭᠠᠲᠤᠷ ᠳᠠᠮᠰᠢᠭ ᠢ᠋ᠶ᠋ᠠᠷ ᠨᠠᠭᠠᠳᠤᠭᠤᠯᠵᠤ ᠣᠷᠬᠢᠪᠠ ᠤᠤ ᠳᠠ!》 ᠭᠡᠳ ᠳᠣᠲᠣᠷ᠎ᠠ ᠪᠠᠨ ᠤᠬᠢᠯᠠᠬᠤ ᠶ᠋ᠢᠨ ᠲᠦᠭᠦᠰ ᠪᠣᠯᠬᠤ ᠤᠳᠠᠭ᠎ᠠ ᠭᠠᠷᠴᠤ ᠪᠠᠢᠪᠠ᠃
ᠶᠠᠪᠤᠳᠠᠯ ᠤᠴᠢᠷ ᠭᠡᠭᠴᠢ ᠬᠡᠯᠡᠵᠦ ᠮᠡᠳᠡᠬᠦ ᠦᠭᠡᠢ᠂ ᠵᠣᠳᠪᠠ ᠮᠡᠢᠷᠡᠨ ᠦ᠌ ᠤᠷᠠᠨ ᠬᠣᠩᠰᠢᠶᠠᠷ ᠲᠤ ᠤᠬᠠᠭᠠᠯᠠᠭᠳᠠᠭᠰᠠᠨ ᠠ᠋ᠴᠠ ᠴᠦ᠍ ᠪᠣᠯᠪᠠ ᠤᠤ ᠭᠡᠮᠡᠷ ᠶᠠᠪᠤᠳᠠᠯ ᠤᠴᠢᠷ ᠢᠩᠭᠢᠵᠦ ᠬᠤᠪᠢᠷᠠᠬᠤ ᠶ᠋ᠢ ᠬᠡᠨ ᠬᠣᠷᠢᠵᠤ ᠴᠢᠳᠠᠬᠤ ᠪᠣᠢ⁈ ᠣᠳᠣ ᠬᠠᠷᠢᠨ ᠡᠨᠡ ᠡᠬᠡ ᠬᠦᠦ ᠬᠣᠶᠠᠷ ᠥᠪᠡᠷ ᠢ᠋ᠶ᠋ᠡᠨ ᠭᠦᠶᠦᠭᠡᠳ ᠢᠷᠡᠳᠡᠭ ᠨᠢ ᠶᠠᠭᠤᠲᠠᠢ ᠠᠵᠠ ᠪᠢᠯᠡ⁈ ᠭᠡᠵᠦ ᠡᠯᠳᠡᠩᠭᠡ ᠰᠡᠮᠡᠬᠡᠷ ᠪᠠᠶᠠᠷᠯᠠᠨ ᠶᠠᠪᠤᠳᠠᠯ ᠢ᠋ᠶ᠋ᠠᠨ ᠱᠠᠯᠠᠪᠳᠠᠭᠤᠯᠵᠤ ᠪᠠᠢᠭ᠎ᠠ ᠨᠢ ᠡᠨᠡ᠃
ᠲᠡᠭᠡᠭᠡᠳ ᠡᠯᠳᠡᠩᠭᠡ ᠶ᠋ᠢᠨ ᠬᠢ ᠪᠣᠯᠤᠨ ᠮᠠᠨᠤᠨᠪᠠᠳᠮ᠎ᠠ ᠡᠬᠡ ᠬᠦᠦ ᠬᠣᠶᠠᠷ ᠨᠢᠭᠡ ᠮᠣᠷᠢᠨ ᠳᠡᠭᠡᠷ᠎ᠡ ᠰᠤᠨᠳᠠᠯᠠᠭᠰᠠᠨ ᠶᠤᠮ ᠰᠢᠭ᠋ ᠵᠢᠯᠣᠭᠣ ᠨᠢᠭᠡ ᠪᠣᠯᠵᠠᠢ᠃
— — — —
① ᠤᠷᠠᠳ ᠨᠤᠲᠤᠭ ᠲᠤ ᠡᠷ᠎ᠡ ᠨᠢ ᠵᠢᠯᠢᠢᠭᠴᠢ ᠪᠣᠯᠤᠭᠰᠠᠨ ᠪᠤᠶᠤ ᠤᠷᠤᠭ ᠰᠠᠯᠤᠭᠰᠠᠨ ᠪᠦᠰᠡᠭᠦᠢ ᠲᠡᠢ ᠭᠡᠷᠯᠡᠬᠦ ᠶ᠋ᠢ ᠪᠡᠯᠡᠨ ᠪᠦᠰᠡᠭᠦᠢ ᠲᠡᠢ ᠰᠠᠭᠤᠯ᠎ᠠ ᠭᠡᠳᠡᠭ᠃
ᠦᠰᠦᠭ ᠠᠮᠢᠯᠠᠭᠤᠯᠤᠭᠰᠠᠨ ᠨᠢ᠄ ᠭᠠᠷᠮ᠎ᠠ
