ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠶᠢᠰᠦ> Хан мунын сүүрс < доорд > – Мөнх зохиоов ᠂Дөдгөөр бодь – Нэгдүгээр бүлэг <9>
ᠲᠦᠲᠦᠭᠡᠷ ᠪᠣᠲᠢ – ᠨᠢᠭᠡᠳᠦᠭᠡᠷ ᠪᠦᠯᠦᠭ <ᠶᠢᠰᠦ>
ᠶᠢᠰᠦ
ᠨᠠᠢᠷ ᠰᠢᠪᠲᠤᠷᠷᠠᠬᠤ ᠡᠳᠦᠷ ᠪᠥᠬᠡ ᠶ᠋ᠢᠨ ᠳᠡᠳ᠋ ᠲᠡᠷᠢᠭᠦᠨ ᠰᠢᠯᠭᠠᠷᠠᠬᠤ ᠳᠡᠪᠵᠢᠶᠡᠨ ᠪᠣᠯᠵᠤ ᠪᠥᠬᠡ ᠶ᠋ᠢᠨ ᠲᠠᠯᠠᠪᠠᠢ ᠳ᠋ᠤ᠌ ᠭᠦᠦᠷ ᠨᠠᠢᠷ ᠪᠢᠯᠬᠠᠨ᠎ᠠ᠃
《ᠪᠥᠬᠡ ᠪᠡᠨ ᠳᠡᠯᠪᠢ ᠁ 》 ᠭᠡᠵᠦ ᠵᠡᠭᠦᠨ ᠪᠠᠷᠠᠭᠤᠨ ᠭᠠᠷ ᠤ᠋ᠨ ᠪᠤᠭᠤᠷᠤᠯ ᠡᠪᠦᠭᠡᠳ ᠦ᠋ᠨ ᠪᠥᠬᠡ ᠶ᠋ᠢᠨ ᠣᠷᠢᠶᠠᠨ ᠳ᠋ᠤ᠌ ᠵᠡᠭᠦᠨ ᠭᠠᠷ ᠤ᠋ᠨ ᠲᠠᠯ᠎ᠠ ᠳ᠋ᠤ᠌ ᠮᠢᠩᠭᠠᠨ ᠬᠤᠰᠢᠭᠤᠨ ᠤ᠋ ᠠᠪᠤᠷᠭᠤ ᠪᠥᠬᠡ ᠲᠡᠮᠤᠷᠳᠦ᠋ᠰᠢ ᠭᠠᠤᠯᠢᠨ ᠲᠣᠪᠣᠷᠤᠤ ᠲᠠᠢ ᠰᠢᠷᠢᠨ ᠵᠣᠳᠣᠭ ᠢ᠋ᠶ᠋ᠠᠨ ᠰᠢᠯᠭᠡᠭᠡᠨ ᠳᠣᠣᠷ᠎ᠠ ᠪᠠᠨ ᠴᠣᠪᠬᠣᠴᠢᠨ ᠳᠡᠪᠬᠡᠷᠴᠦ᠂ ᠬᠦᠵᠦᠭᠦᠨ ᠳ᠋ᠡᠬᠢ ᠰᠣᠯᠣᠩᠭᠠᠨ ᠵᠠᠩᠭᠢᠶ᠎ᠠ ᠨᠢ ᠲᠡᠭᠦᠨ ᠦ᠌ ᠬᠥᠳᠡᠯᠭᠡᠭᠡᠨ ᠦ᠌ ᠠᠶ᠎ᠠ ᠪᠠᠷ ᠠᠷᠰᠯᠠᠨ ᠤ᠋ ᠵᠣᠭᠳᠣᠷ ᠰᠢᠭ᠋ ᠰᠠᠭᠰᠠᠯᠵᠠᠨᠠ᠃ ᠲᠡᠷᠡ ᠪᠡᠷ ᠪᠥᠬᠡ ᠣᠷᠢᠶᠠᠯᠠᠭᠰᠠᠨ ᠪᠤᠭᠤᠷᠤᠯ ᠡᠪᠦᠭᠡᠨ ᠢ᠋ ᠱᠣᠩᠳᠠᠵᠤ ᠵᠥᠪ ᠪᠤᠷᠤᠭᠤ ᠠᠷᠤ ᠥᠪᠥᠷ ᠲᠠᠯ᠎ᠠ ᠪᠠᠷ ᠨᠢ ᠡᠷᠭᠢᠯᠳᠦᠨ ᠤᠶᠠᠭᠠᠲᠠᠢ ᠨᠣᠬᠠᠢ ᠠᠭᠰᠤᠷᠬᠤ ᠮᠡᠲᠦ ᠪᠥᠬᠡ ᠶ᠋ᠢᠨ ᠲᠠᠯᠠᠪᠠᠢ ᠤᠷᠤᠭᠤ ᠵᠢᠳᠬᠦᠯᠡᠬᠦ ᠨᠢ ᠦᠨᠡᠬᠡᠷ ᠣᠮᠣᠭᠯᠠᠩ ᠳᠦᠷᠢ ᠲᠡᠢ ᠠᠵᠤᠭᠤ᠃ ᠪᠥᠬᠡ ᠶ᠋ᠢᠨ ᠮᠥᠷᠥᠢ᠂ ᠡᠷ᠎ᠡ ᠶ᠋ᠢᠨ ᠲᠡᠩᠴᠡᠭᠡ ᠳ᠋ᠦ᠍ ᠲᠡᠭᠦᠨ ᠦ᠌ ᠨᠢᠳᠦᠨ ᠳ᠋ᠦ᠍ ᠳᠣᠷᠣᠭᠰᠠᠨ ᠡᠷ᠎ᠡ ᠭᠡᠵᠦ ᠠᠯᠠᠭ᠎ᠠ᠃ ᠲᠠᠪᠤᠨ ᠵᠠᠭᠤ ᠠᠷᠪᠠᠨ ᠬᠣᠶᠠᠷ ᠪᠥᠬᠡ ᠶ᠋ᠢᠨ ᠳᠤᠮᠳᠠ ᠵᠣᠭᠰᠣᠭ᠎ᠠ ᠪᠠᠷ ᠢ᠋ᠶ᠋ᠠᠨ ᠬᠣᠰᠢᠭᠤᠷᠠᠭᠰᠠᠨ ᠳ᠋ᠠᠭᠠᠨ ᠪᠠᠷᠳᠠᠮᠨᠠᠵᠤ ᠪᠥᠬᠡ ᠶ᠋ᠢᠨ ᠲᠠᠯᠠᠪᠠᠢ ᠳ᠋ᠤ᠌ 《ᠪᠢ ᠳᠡᠯᠡᠬᠡᠢ᠂ ᠴᠢ ᠮᠡᠯᠡᠬᠡᠢ 》 ᠭᠡᠰᠠᠨ ᠰᠢᠨᠵᠢ ᠲᠡᠢ ᠪᠠᠷᠠᠭᠤᠨ ᠬᠦᠩ ᠦ᠋ᠨ ᠵᠢᠷᠣᠭ᠎ᠠ ᠬᠠᠯᠢᠭᠤᠨ ᠮᠣᠷᠢ ᠶ᠋ᠢ ᠬᠥᠲᠥᠯᠦᠨ᠎ᠡ ᠳᠡ ᠭᠡᠬᠦ ᠰᠢᠨᠤᠯ ᠳ᠋ᠠᠭᠠᠨ ᠰᠢᠲᠠᠵᠤ ᠪᠠᠢᠪᠠ᠃
《ᠪᠥᠬᠡ ᠪᠡᠨ ᠳᠡᠯᠪᠢ᠂ ᠳᠡᠯᠪᠢ! 》 ᠭᠡᠬᠦ ᠳ᠋ᠦ᠍ ᠲᠡᠮᠤᠷᠳᠦ᠋ᠰᠢ ᠭᠢᠨᠵᠢᠲᠦ ᠤᠶᠠᠭᠠᠨ ᠠ᠋ᠴᠠ ᠪᠠᠨ ᠭᠡᠨᠡᠳᠲᠡ ᠠᠯᠳᠠᠷᠠᠭᠰᠠᠨ ᠨᠣᠬᠠᠢ ᠰᠢᠭ᠋ ᠲᠠᠯᠠᠪᠠᠢ ᠤᠷᠤᠭᠤ ᠰᠠᠢᠪᠤᠷᠯᠠᠨ ᠱᠣᠭᠰᠢᠵᠤ ᠪᠠᠷᠢᠯᠳᠤᠭᠠᠨ ᠤ᠋ ᠲᠠᠯᠠᠪᠠᠢ ᠶ᠋ᠢᠨ ᠲᠥᠪ ᠳᠤᠮᠳᠠ ᠬᠦᠷᠦᠭᠡᠳ ᠠᠷᠰᠯᠠᠨ ᠤ᠋ ᠰᠦᠷ ᠢ᠋ᠶ᠋ᠡᠷ ᠮᠠᠭᠰᠢᠪᠠ᠃
ᠪᠠᠷᠠᠭᠤᠨ ᠭᠠᠷ ᠤ᠋ᠨ ᠪᠥᠬᠡ ᠠᠭᠤᠯᠠᠨᠭᠦᠦ ᠥᠰᠥᠭᠡᠢ ᠪᠡᠷ ᠢ᠋ᠶ᠋ᠡᠨ ᠬᠥᠰᠡᠷ ᠨᠦᠳᠦᠵᠦ ᠲᠠᠢᠪᠤᠭᠤᠬᠠᠨ ᠠᠯᠬᠤᠵᠤ ᠶᠠᠪᠤᠨ ᠬᠠᠳᠠᠨ ᠳᠡᠭᠡᠷ᠎ᠡ ᠡᠴᠡ ᠡᠮᠦᠨᠡᠰᠢ ᠱᠤᠩᠭᠤᠯᠠᠨ ᠳᠡᠭᠦᠯᠢᠬᠦ ᠭᠡᠵᠦ ᠪᠠᠢᠭ᠎ᠠ ᠪᠦᠷᠭᠦᠳ ᠰᠢᠭ ᠲᠦᠷᠦᠭᠦᠰᠢ ᠪᠡᠨ ᠬᠡᠳᠦᠬᠡᠨ ᠳᠡᠪᠢᠵᠦ ᠠᠪᠤᠭᠠᠳ ᠯᠠᠭ ᠬᠢᠲᠡᠯ᠎ᠡ ᠲᠠᠯᠠᠪᠠᠢ ᠲᠤᠷᠭᠢᠭᠤᠯᠤᠨ ᠵᠣᠭᠰᠣᠪᠠ᠃ ᠪᠥᠬᠡ ᠶ᠋ᠢᠨ ᠰᠣᠷᠢᠶᠠᠨ ᠳ᠋ᠤ᠌ ᠳᠡᠮᠡᠢ ᠬᠡᠳᠦ ᠣᠷᠣᠭ᠎ᠠ ᠦᠭᠡᠢ ᠠᠭᠤᠯᠠᠨᠭᠦᠦ ᠶ᠋ᠢᠨ ᠬᠢᠳᠡᠯ ᠪᠠᠷᠢᠳᠠᠯ ᠨᠢ ᠦᠵᠡᠭᠴᠢᠳ ᠲᠦ᠍ ᠳᠠᠩᠴᠤ ᠨᠢᠭᠡ ᠰᠢᠭᠦᠷᠭᠡᠢ ᠬᠠᠷᠠᠭᠳᠠᠬᠤ ᠠᠵᠢ᠃ ᠢᠩᠭᠢᠬᠦ ᠪᠣᠯᠭᠠᠨ ᠨᠥᠭᠦᠭᠡ ᠬᠠᠰᠢᠷ ᠪᠥᠬᠡ ᠲᠡᠮᠤᠷᠳᠦ᠋ᠰᠢ ᠶ᠋ᠢᠨ ᠣᠮᠣᠭ ᠢ᠋ ᠬᠥᠭᠵᠢᠭᠡᠵᠦ ᠭᠠᠵᠠᠷ ᠪᠠᠭᠲᠠᠬᠤ ᠦᠭᠡᠢ ᠪᠣᠯᠭᠠᠵᠠᠢ᠃ ᠲᠡᠮᠤᠷᠳᠦ᠋ᠰᠢ ᠴᠦᠳᠡᠩ ᠦ᠋ᠨ ᠲᠣᠯᠣᠭᠠᠢ ᠰᠢᠭ᠋ ᠢᠪᠡᠯᠴᠡᠨ ᠪᠥᠨᠲᠥᠯᠵᠡᠬᠦ ᠬᠥᠮᠦᠰ ᠦ᠋ᠨ ᠲᠣᠯᠣᠭᠠᠢ ᠶ᠋ᠢᠨ ᠣᠷᠣᠢ ᠪᠠᠷ ᠬᠠᠷᠠᠴᠠ ᠭᠦᠶᠦᠯᠭᠡᠨ ᠳᠡᠭᠡᠭᠦᠷ ᠬᠠᠷᠠᠵᠤ ᠨᠠᠭᠠᠰᠢ ᠴᠠᠭᠠᠰᠢ ᠮᠢᠳᠠᠯᠵᠠᠨ ᠠᠯᠬᠤᠯᠠᠵᠤ᠂ 《ᠠᠮᠠᠨ ᠤ᠋ ᠰᠢᠷ᠎ᠠ ᠨᠢ ᠬᠠᠲᠠᠭᠠᠳᠤᠢ ᠵᠣᠯᠳᠣᠷᠣᠢ ᠬᠦᠦ ᠶ᠋ᠢ ᠪᠠᠢᠵᠠ ᠴᠢᠮᠠᠶ᠋ᠢ᠂ ᠬᠠᠮᠢᠭᠠᠰᠢ ᠪᠠᠨ ᠬᠠᠨᠳᠤᠵᠤ᠂ ᠶᠠᠭᠠᠬᠢᠵᠤ ᠰᠢᠷᠦᠢᠳᠤᠭᠰᠠᠨ ᠢ᠋ᠶ᠋ᠠᠨ ᠮᠡᠳᠡᠳᠡᠭ ᠴᠦ᠍ ᠪᠣᠯ ᠶᠠᠭᠠᠬᠢᠬᠤ ᠪᠣᠢ? ᠬᠣᠵᠢᠮ ᠨᠢᠭᠡ ᠬᠠᠩᠭᠢ ᠪᠥᠬᠡ ᠪᠣᠯᠵᠤ ᠮᠠᠭᠠᠳ ᠦᠭᠡᠢ᠃ ᠲᠡᠢᠮᠦ ᠪᠢᠰᠢ ᠪᠣᠯ ᠳᠠ ? 》 ᠭᠡᠵᠦ ᠦᠯᠦ ᠲᠣᠭᠣᠮᠰᠠᠷᠯᠠᠨᠠ᠃ ᠨᠠᠷ᠎ᠡ ᠲᠡᠢ ᠨᠡᠷ᠎ᠡ ᠦᠭᠡᠢ ᠬᠣᠶᠠᠷ ᠪᠥᠬᠡ ᠬᠡᠷᠡᠭᠰᠡᠨ ᠪᠤᠬ᠎ᠠ ᠰᠢᠭ᠋ ᠬᠢᠷ᠎ᠠ ᠬᠢᠷ᠎ᠠ ᠪᠠᠷ ᠢ᠋ᠶ᠋ᠠᠨ ᠬᠠᠷᠠᠵᠤ ᠭᠥᠯᠢᠯᠵᠡᠨ ᠵᠣᠭᠰᠣᠨ᠎ᠠ ᠃ ᠨᠢᠭᠡ ᠨᠢ ᠣᠮᠣᠷᠤᠤ ᠨᠢ ᠤᠭᠠᠯᠵᠠᠯᠠᠨ ᠣᠨᠵᠢᠢᠭᠰᠠᠨ ᠤᠪᠤᠷᠵᠢᠭᠤᠨ ᠪᠤᠬ᠎ᠠ ᠰᠢᠭ᠋ ᠬᠡᠷᠰᠡᠦ ᠰᠦᠷᠯᠢᠭ ᠬᠠᠷᠠᠭᠳᠠᠬᠤ ᠳᠤ ᠨᠥᠭᠦᠭᠡ ᠨᠢ ᠬᠠᠷᠢᠨ ᠡᠪᠡᠷ ᠦ᠋ᠨ ᠬᠢᠨᠢ ᠨᠢᠯᠬ᠎ᠠ ᠰᠠᠷᠢᠰᠤ ᠨᠢ ᠭᠦᠢᠴᠡᠳ ᠬᠣᠯᠲᠣᠷᠠᠭᠠᠳᠤᠢ ᠪᠢᠷᠠᠭᠤᠨ ᠪᠤᠬᠠᠨᠲᠠᠢ ᠰᠢᠭ᠋ ᠶᠠᠭᠠᠬᠢᠬᠤ ᠠ᠋ᠴᠠ ᠴᠤ᠌ ᠪᠤᠴᠠᠬᠤ ᠦᠭᠡᠢ ᠣᠮᠣᠭᠯᠠᠩ ᠪᠠᠢᠪᠠ᠃
ᠭᠣᠣᠯ ᠲᠠᠭᠲᠤ ᠶ᠋ᠢᠨ ᠨᠣᠶᠠᠨ ᠰᠠᠭᠤᠳᠠᠯ ᠳ᠋ᠤ᠌ ᠰᠠᠭᠤᠭᠰᠠᠨ ᠪᠠᠭ᠎ᠠ ᠵᠠᠰᠠᠭ ᠠᠯᠳᠠᠨᠸᠴᠢᠷ ᠬᠣᠶᠠᠷ ᠪᠥᠬᠡ ᠶ᠋ᠢᠨ ᠪᠠᠷᠢᠴᠠ ᠪᠤᠯᠢᠶᠠᠯᠴᠠᠬᠤ ᠶ᠋ᠢ ᠬᠠᠷᠠᠭᠠᠳ ᠲᠠᠪᠲᠤᠷ ᠠᠯᠲᠠᠨ ᠪᠠᠢᠨ ᠪᠠᠢᠨ ᠪᠣᠰᠴᠤ᠄
— ᠠᠭᠤᠯᠠᠨᠭᠦᠦ ᠠ᠋ ᠁ ᠰᠠᠪᠠ ! ᠨᠠᠭᠠᠳᠤᠬᠢ ᠪᠠᠨ ᠰᠠᠪᠠᠵᠤ ᠤᠨᠠᠭ᠎ᠠ ᠭᠡᠵᠦ ᠥᠨᠳᠥᠷ ᠳᠠᠭᠤᠨ ᠢ᠋ᠶ᠋ᠠᠷ ᠭᠡᠨᠡᠳᠲᠡ ᠬᠠᠰᠬᠢᠷᠤᠭᠰᠠᠨ ᠳ᠋ᠤ᠌ ᠪᠠᠭ᠎ᠠ ᠬᠠᠲᠤᠨ ᠰᠠᠨᠳᠤᠷᠴᠤ᠄
— ᠪᠠᠭ᠎ᠠ ᠵᠠᠰᠠᠭ ᠠ᠋ ! ᠮᠢᠨᠦ ᠬᠦᠦ ᠰᠠᠭᠤ᠂ ᠰᠠᠭᠤ ! ᠣᠷᠣᠨ ᠳ᠋ᠠᠭᠠᠨ ᠲᠣᠮᠣᠭᠠᠲᠠᠢ ᠰᠠᠭᠤᠭᠠᠴᠢ ! ᠲᠠ ᠴᠢᠨᠢ ᠵᠠᠰᠠᠭ ᠬᠦᠩ ᠨᠣᠶᠠᠨ ᠬᠥᠮᠦᠨ ᠰᠢᠦ ᠳᠡ᠂ ᠲᠡᠭᠡᠵᠦ ᠪᠣᠯᠳᠠᠭ ᠦᠭᠡᠢ ᠶᠦ᠍ᠮ ᠠ᠋! ᠭᠡᠵᠦ ᠪᠠᠭ᠎ᠠ ᠵᠠᠰᠠᠭ ᠠᠯᠳᠠᠨᠸᠴᠢᠷ ᠢ᠋ ᠠᠷᠭᠠᠳᠠᠵᠤ ᠰᠠᠭᠤᠯᠭᠠᠨ᠎ᠠ᠃
ᠷᠠᠰᠢ ᠵᠠᠬᠢᠷᠤᠭᠴᠢ᠂ ᠪᠠᠭ᠎ᠠ ᠵᠠᠰᠠᠭ ᠤ᠋ᠨ ᠪᠥᠭᠰᠡᠨ ᠳ᠋ᠦ᠍ᠨᠢ ᠥᠷᠭᠡᠰᠦ ᠣᠷᠣᠴᠢᠬᠠᠭᠰᠠᠨ ᠶᠤᠮ ᠰᠢᠭ᠋ ᠰᠠᠭᠤᠷᠢ ᠠᠯᠲᠠᠨ ᠣᠪᠣᠭᠣᠨᠠᠬᠤ ᠶ᠋ᠢ ᠬᠠᠷᠠᠭᠠᠳ ᠲᠡᠭᠦᠨ ᠳ᠋ᠦ᠍ ᠣᠷᠣᠰ ᠬᠢᠴᠡᠲᠠᠢ ᠥᠷᠥᠭᠡᠰᠦᠨ ᠨᠢᠳᠦ ᠲᠡᠢ ᠳᠤᠷᠠᠨ ᠥᠭᠴᠦ ᠰᠠᠭᠠᠳᠠᠭᠤᠯᠪᠠ ᠃ ᠪᠠᠭ᠎ᠠ ᠵᠠᠰᠠᠭ ᠠᠯᠳᠠᠨᠸᠴᠢᠷ ᠳᠣᠷᠢᠭᠤᠨ ᠨᠢᠭᠡ ᠨᠠᠭᠠᠳᠤᠮ ᠤ᠋ᠨ ᠡᠳ᠋ ᠣᠯᠵᠤ ᠡᠢᠰᠢ ᠲᠡᠢᠰᠢ ᠳᠤᠷᠠᠨᠳᠠᠵᠤ ᠰᠠᠨᠠᠭ᠎ᠠ ᠪᠠᠨ ᠬᠠᠭᠤᠷᠤᠨ᠎ᠠ᠃
ᠨᠠᠭᠠᠳᠤᠮ ᠬᠠᠷᠠᠭᠰᠠᠨ ᠬᠥᠮᠦᠰ ᠦ᠋ᠨ ᠰᠡᠳᠬᠢᠯ ᠮᠠᠰᠢ ᠥᠶᠥᠭ ᠪᠠᠢᠨ᠎ᠠ᠃ ᠭᠡᠲᠡᠯ᠎ᠡ ᠨᠠᠭᠠᠳᠤᠮ ᠤ᠋ᠨ ᠪᠠᠶᠠᠷ ᠨᠠᠢᠷ ᠲᠤ᠌ ᠰᠡᠳᠬᠢᠯ ᠢ᠋ᠶ᠋ᠡᠨ ᠰᠦᠯᠡᠵᠦ ᠪᠠᠶᠠᠰᠤᠭᠰᠠᠨ ᠤ᠋ ᠴᠠᠭᠠᠭᠤᠷ ᠳᠠᠯᠳᠠᠬᠠᠨ ᠣᠮᠣᠭᠰᠢᠭᠰᠠᠨ ᠨᠢᠭᠡ ᠬᠥᠮᠦᠨ ᠪᠠᠢᠨ ᠪᠠᠢᠨ ᠨᠢᠯᠪᠤᠰᠤ ᠪᠠᠨ ᠵᠦᠯᠭᠦᠵᠦ ᠪᠠᠢᠯ᠎ᠠ᠃ ᠡᠨᠡ ᠪᠣᠯ ᠮᠠᠨᠤᠨᠪᠠᠳᠮ᠎ᠠ ᠬᠥᠭᠰᠢᠨ ᠪᠣᠯᠤᠨ᠎ᠠ᠃ ᠭᠣᠣᠯ ᠲᠠᠭᠲᠤ ᠶ᠋ᠢᠨ ᠡᠷᠬᠡ ᠰᠦᠷᠲᠡᠢ ᠵᠢᠩᠰᠠᠲᠠᠨ ᠤᠲᠤᠭᠠᠲᠠᠳ ᠤ᠋ᠨ ᠰᠠᠭᠤᠳᠠᠯ ᠳ᠋ᠤ᠌ ᠵᠠᠢ ᠡᠵᠡᠯᠡᠨ ᠰᠠᠭᠤᠭᠰᠠᠳ ᠳᠣᠲᠣᠷ᠎ᠠ ᠲᠡᠭᠦᠨ ᠦ᠌ ᠬᠦᠦ ᠪᠠ ᠠᠴᠢ① ᠨᠢ ᠰᠠᠭᠠᠲᠠᠵᠤ ᠪᠠᠢᠬᠤ ᠶ᠋ᠢ ᠪᠣᠳᠣᠨ ᠪᠣᠳᠣᠨ ᠪᠠᠶᠠᠷ ᠤ᠋ᠨ ᠨᠢᠯᠪᠤᠰᠤ ᠬᠡᠯᠬᠢᠶ᠎ᠡ ᠨᠢ ᠲᠠᠰᠤᠷᠠᠭᠰᠠᠨ ᠰᠤᠪᠤᠳ ᠰᠢᠭ᠋ ᠠᠷᠴᠢᠵᠤ ᠵᠠᠪᠳᠤᠬᠤ ᠦᠭᠡᠢ ᠴᠤᠪᠤᠷᠠᠨ᠎ᠠ᠃ ᠡᠨᠡ ᠤᠴᠢᠷ ᠨᠢ ᠲᠡᠭᠦᠨ ᠦ᠌ ᠡᠳᠦᠷ ᠦ᠋ᠨ ᠪᠣᠳᠣᠯ ᠰᠥᠨᠢ ᠶ᠋ᠢᠨ ᠵᠡᠭᠦᠳᠦᠨ ᠳ᠋ᠦ᠍ᠨᠢ ᠬᠣᠨᠣᠭᠰᠢᠭᠰᠠᠭᠠᠷ ᠢᠷᠡᠵᠠᠢ᠃ ᠡᠨᠡ ᠬᠦ᠌ ᠬᠦᠰᠡᠯ ᠨᠢ ᠥᠨᠥᠳᠥᠷ ᠶᠠᠭᠠᠬᠢᠬᠤ ᠠᠷᠭ᠎ᠠ ᠦᠭᠡᠢ ᠪᠡᠶᠡᠯᠡᠵᠦ ᠪᠠᠢᠭ᠎ᠠ ᠳ᠋ᠤ᠌ ᠲᠡᠷᠡ ᠪᠠᠶᠠᠷᠯᠠᠬᠤ ᠦᠭᠡᠢ ᠪᠠᠢᠬᠤ ᠶ᠋ᠢᠨ ᠠᠷᠭ᠎ᠠ ᠦᠭᠡᠢ᠃ ᠪᠠᠷᠠᠭᠤᠨ ᠬᠦᠩ ᠦ᠋ᠨ ᠬᠣᠰᠢᠭᠤ ᠬᠦᠩ ᠨᠣᠶᠠᠨ ᠤ᠋ ᠰᠠᠭᠤᠷᠢ ᠶ᠋ᠢ ᠵᠠᠯᠭᠠᠬᠤ ᠭᠡᠵᠦ ᠬᠡᠴᠢᠨᠡᠭᠡᠨ ᠡᠷ᠎ᠡ ᠶ᠋ᠢᠨ ᠰᠢᠨᠳᠠᠰᠤ ᠶ᠋ᠢ ᠪᠠᠷᠠᠵᠤ᠂ ᠳᠣᠲᠣᠷ᠎ᠠ ᠵᠠᠭᠤᠷ᠎ᠠ ᠪᠠᠨ ᠠᠯᠠᠯᠳᠤᠭᠠᠨ ᠬᠦᠪᠰᠢᠯᠳᠤᠭᠡᠨ ᠪᠣᠯᠵᠤ ᠢᠷᠡᠭᠰᠡᠨ ᠪᠠᠷᠲᠠᠭᠠᠲᠤ ᠮᠥᠷ ᠢ᠋ ᠡᠷᠭᠢᠴᠡᠭᠦᠯᠬᠦ ᠡᠴᠡ ᠪᠡᠨ ᠵᠢᠷᠦᠬᠡ ᠰᠢᠮᠰᠢᠷᠡᠨ᠎ᠡ᠃ ᠥᠪᠡᠷ ᠦ᠋ᠨ ᠬᠢᠨᠢ ᠤᠷᠠᠨ ᠬᠣᠩᠰᠢᠶᠠᠷ ᠤᠬᠠᠭᠠᠨ ᠰᠠᠮᠪᠠᠭ᠎ᠠ ᠳ᠋ᠤ᠌ ᠡᠢᠨ ᠬᠦ᠌ ᠦᠨᠡᠨ ᠦ᠌ ᠬᠠᠷᠢᠭᠤ ᠰᠡᠪ ᠰᠡᠮᠡᠬᠡᠷ ᠠᠯᠤᠰ ᠲᠡᠷᠲᠡᠭᠡ ᠡᠴᠡ ᠠᠢᠰᠤᠢ ᠪᠠᠢᠵᠤ ᠨᠢᠳᠦᠨ ᠦ᠌ ᠬᠢᠨᠢ ᠡᠮᠦᠨ᠎ᠡ ᠲᠤᠯᠵᠤ ᠢᠷᠡᠪᠡ᠃ ᠲᠡᠭᠦᠨ ᠦ᠌ ᠰᠠᠮᠠᠭᠠᠨ ᠪᠤᠭᠤᠷᠤᠯ ᠪᠣᠳᠣᠯ ᠳ᠋ᠤᠨᠢ ᠳᠣᠯᠭᠢᠶ᠎ᠠ ᠡᠭᠦᠰᠴᠦ᠂ ᠪᠣᠯᠳᠠᠭ ᠴᠤ᠌ ᠪᠣᠯᠤᠭᠠᠰᠠᠢ ᠳᠠ! ᠪᠠᠭ᠎ᠠ ᠵᠠᠰᠠᠭ ᠠᠴᠢ ᠠᠯᠳᠠᠨᠸᠴᠢᠷ ᠤ᠋ᠨ ᠢ᠋ᠶ᠋ᠠᠨ ᠬᠥᠭᠡᠷᠦᠬᠦᠨ ᠬᠠᠴᠠᠷ ᠢ᠋ ᠦᠨᠦᠰᠦᠨ᠂ ᠪᠠᠳᠮᠠᠷᠠᠭ᠎ᠠ ᠬᠦᠷᠡᠩ ᠵᠢᠩᠰᠡᠲᠦ ᠮᠠᠯᠠᠭᠠᠢ ᠶ᠋ᠢ ᠨᠢ ᠢᠯᠪᠢᠨ ᠥᠬᠥᠭᠡᠷᠳᠡᠬᠦ ᠶᠤᠮᠰᠠᠨ! ᠭᠡᠪᠡᠴᠦ ᠢᠩᠭᠢᠵᠦ ᠪᠣᠯᠬᠤ ᠦᠭᠡᠢ ᠬᠣᠢᠨ᠎ᠠ ᠳᠠ! ᠵᠥᠪᠬᠡᠨ ᠨᠢᠯᠪᠤᠰᠤ ᠠᠰᠬᠠᠷᠠᠭᠤᠯᠤᠭᠰᠠᠭᠠᠷ ᠲᠣᠪ ᠳᠤᠭᠤᠢ ᠲᠣᠮᠪᠣᠢᠵᠤ ᠰᠠᠭᠤᠨ᠎ᠠ᠃ ᠰᠣᠭᠲᠣᠭᠤ ᠬᠥᠮᠦᠨ ᠢ᠋ ᠠᠷᠢᠬᠢᠨ ᠠ᠋ᠴᠠ ᠨᠢ ᠲᠠᠢᠯᠵᠤ᠂ ᠦᠬᠦᠭᠰᠡᠨ ᠬᠥᠮᠦᠨ ᠦ᠌ ᠠᠨᠢᠰᠬ᠎ᠠ ᠶ᠋ᠢ ᠨᠡᠭᠡᠭᠡᠯᠭᠡᠴᠢᠭᠡᠮᠡᠷ ᠬᠤᠷᠴᠠ ᠬᠣᠩᠰᠢᠶᠠᠷ ᠲᠠᠢ ᠬᠡᠯᠡᠮᠡᠭᠡᠢ ᠨᠠᠰᠤᠲᠠᠨ ᠤ᠋ ᠳᠣᠲᠣᠷ᠎ᠠ ᠢᠩᠭᠢᠵᠦ ᠪᠠᠴᠢᠮᠳᠠᠵᠤ᠄ 《ᠠᠯᠳᠠᠨᠸᠴᠢᠷ ᠠ᠋! ᠮᠢᠨᠦ ᠮᠠᠭᠤ ᠠᠴᠢ ᠬᠦᠦ ᠠ᠋! ᠨᠠᠭᠠᠰᠢ ᠪᠠᠨ ᠡᠮᠡᠭᠡ ᠳ᠋ᠡᠭᠡᠨ ᠨᠢᠭᠡ ᠢᠷᠡᠵᠦ ᠦᠨᠦᠰᠦᠭᠦᠯᠦᠭᠡᠴᠢ! 》 ᠭᠡᠵᠦ ᠥᠨᠳᠥᠷ ᠳᠠᠭᠤᠨ ᠢ᠋ᠶ᠋ᠠᠷ ᠬᠠᠰᠬᠢᠷᠴᠢᠬᠠᠮᠠᠷᠬᠠᠨ ᠰᠠᠨᠠᠭᠳᠠᠪᠠᠴᠤ ᠪᠣᠯᠳᠠᠭ ᠦᠭᠡᠢ ᠤᠴᠢᠷ ᠵᠣᠪᠠᠨᠢᠭᠰᠠᠨ ᠢ᠋ ᠠᠳᠠ ᠥᠭᠦᠯᠡᠵᠦ ᠡᠰᠡ ᠲᠠᠢᠯᠤᠨ᠎ᠠ᠃
— ᠦ᠂ ᠬᠥᠭᠡᠷᠦᠬᠦᠢ! ᠲᠠᠯᠢᠢᠭᠴᠢ ᠡᠪᠦᠭᠡᠨ ᠮᠢᠨᠢ ᠪᠠᠢᠭᠰᠠᠨ ᠪᠣᠯ ᠳᠠ! ᠡᠨᠡ ᠡᠨᠡ ᠶ᠋ᠢ ᠬᠠᠷᠠᠭᠠᠳ᠁ ᠪᠠᠭ᠎ᠠ ᠵᠠᠰᠠᠭ ᠤ᠋ᠨ᠁ ᠭᠡᠳ ᠮᠥᠨ ᠨᠢᠯᠪᠤᠰᠤ ᠪᠠᠨ ᠵᠦᠯᠭᠦᠵᠦ ᠡᠪᠦᠭᠡᠨ ᠦ᠌ ᠪᠡᠨ ᠬᠣᠢᠨ᠎ᠠ ᠠ᠋ᠴᠠ ᠪᠠᠶᠠᠷᠯᠠᠬᠤ ᠬᠠᠷᠠᠮᠰᠠᠬᠤ ᠶ᠋ᠢᠨ ᠠᠯᠢᠨ ᠳ᠋ᠤ᠌ ᠴᠤ᠌ ᠦᠭᠡᠢ ᠪᠣᠯᠵᠤ ᠮᠡᠭᠰᠢᠬᠦ ᠰᠢᠤᠭᠡᠨ ᠳᠠᠭᠤ ᠲᠠᠯᠪᠢᠪᠠ᠃
— ᠲᠠ ᠶᠠᠭᠠᠬᠢᠴᠢᠬᠠᠭᠠ ᠪᠣᠢ ᠳᠠ ? ᠶᠠᠭᠤᠨ ᠳ᠋ᠠᠭᠠᠨ ᠣᠬᠢᠯᠠᠭ᠎ᠠ ᠪᠣᠢ ? ᠲᠡᠷᠡ ᠬᠢᠲᠠᠳ ᠤ᠋ᠨ ᠵᠤᠯᠵᠠᠭ᠎ᠠ ᠪᠠᠷ ᠵᠠᠰᠠᠭ ᠪᠠᠷᠢᠭᠤᠯᠤᠯ᠎ᠠ ᠭᠡᠵᠦ ᠭᠠᠰᠢᠭᠤᠳᠠᠵᠤ ᠣᠬᠢᠯᠠᠭ᠎ᠠ ᠤᠤ ᠳᠠ? ᠭᠡᠵᠦ ᠬᠡᠨ ᠨᠢᠭᠡ ᠨᠢ ᠲᠡᠭᠦᠨ ᠢ᠋ ᠵᠣᠷᠢᠭᠤᠳᠠ ᠬᠠᠳᠬᠤᠭ᠎ᠠ ᠶᠤᠮ ᠰᠢᠭ᠋ ᠶᠣᠪᠣᠷᠤᠭᠠᠳ ᠠᠪᠤᠪᠠ᠃
— ᠠ! ᠁ ᠦᠭᠡᠢ᠂ ᠰᠠᠶᠢ ᠴᠢ ᠶᠠᠭᠤ ᠶᠠᠷᠢᠪᠠ ⁈ ᠭᠡᠵᠦ ᠴᠤᠪᠤᠷᠠᠭᠰᠠᠨ ᠨᠢᠯᠪᠤᠰᠤ ᠪᠠᠨ ᠱᠠᠯᠠᠪ ᠠᠷᠴᠢᠵᠤ ᠤᠬᠢᠯᠠᠭᠰᠠᠨ ᠶᠠᠩᠵᠤ ᠦᠭᠡᠢ《ᠠᠮᠠ ᠪᠠᠨ ᠣᠯᠵᠤ ᠳᠣᠩᠭᠣᠰᠤᠭᠠᠴᠢ 》 ᠭᠡᠰᠡᠨ ᠲᠥᠯᠥᠪ ᠦ᠋ᠨ ᠴᠢᠷᠠᠢ ᠦᠵᠡᠭᠦᠯᠵᠦ᠄
— ᠠ ! ᠲᠡᠢᠮᠦ ᠂ ᠲᠡᠢᠮᠦ ! ᠭᠡᠵᠦ ᠨᠥᠭᠦᠭᠡ ᠬᠥᠮᠦᠨ ᠦ᠌ ᠠᠮᠠ ᠳᠠᠭᠠᠭᠤᠯᠵᠤ ᠬᠡᠯᠡᠪᠡ᠃
ᠴᠣᠭᠪᠠᠭᠠᠲᠤᠷ ᠤ᠋ᠨ ᠬᠤᠪᠢ ᠳ᠋ᠤ᠌ ᠲᠡᠷᠡ ᠪᠠᠭ᠎ᠠ ᠵᠠᠰᠠᠭ ᠠᠯᠳᠠᠨᠸᠴᠢᠷ ᠪᠣᠯ ᠲᠡᠭᠦᠨ ᠦ᠌ ᠨᠡᠢᠯᠡᠭᠰᠡᠨ ᠡᠮ᠎ᠡ ᠶ᠋ᠢᠨ ᠬᠢᠨᠢ ᠬᠦᠦ ᠪᠣᠯᠬᠤ ᠶ᠋ᠢ ᠮᠡᠳᠡᠪᠡᠴᠦ᠂ ᠲᠡᠷᠡ ᠰᠠᠮᠠᠭᠤᠨ ᠡᠮ᠎ᠡ ᠶ᠋ᠢᠨ ᠰᠠᠳᠤᠷ ᠰᠠᠪᠠᠨ ᠳ᠋ᠤ᠌ ᠬᠡᠨ ᠦ᠌ ᠬᠢᠨᠢ ᠰᠢᠭᠡᠰᠦ ᠲᠣᠭᠲᠠᠭᠰᠠᠨ ᠢ᠋ ᠬᠡᠯᠡᠵᠦ ᠮᠡᠳᠡᠬᠦ ᠦᠭᠡᠢ ᠭᠡᠳᠡᠭ ᠰᠡᠵᠢᠭ ᠳᠠᠭᠠᠪᠤᠷᠢ ᠲᠡᠭᠦᠨ ᠦ᠌ ᠪᠣᠳᠣᠯ ᠢ᠋ ᠡᠵᠡᠮᠳᠡᠭᠰᠡᠨ ᠡᠴᠡ ᠪᠠᠭ᠎ᠠ ᠵᠠᠰᠠᠭ ᠠᠯᠳᠠᠨᠸᠴᠢᠷ ᠥᠨᠥᠳᠥᠷ ᠪᠠᠷᠠᠭᠤᠨ ᠬᠦᠩ ᠦ᠋ᠨ ᠬᠣᠰᠢᠭᠤ ᠵᠠᠰᠠᠭ ᠤ᠋ᠨ ᠲᠠᠮᠠᠭ᠎ᠠ ᠵᠠᠯᠭᠠᠮᠵᠢᠯᠠᠵᠤ ᠪᠠᠢᠭ᠎ᠠ ᠳ᠋ᠤ᠌ ᠳᠡᠮᠡᠢ ᠳᠠᠭ᠎ᠠ ᠦᠭᠡᠢ ᠠᠵᠢ᠃ ᠬᠡᠳᠦᠢ ᠵᠢᠰᠦ ᠲᠥᠯᠥᠪ᠂ ᠪᠡᠶ᠎ᠡ ᠭᠠᠯᠪᠢᠷ ᠨᠢ ᠲᠡᠭᠦᠨ ᠲᠡᠢ ᠮᠠᠰᠢᠳᠠ ᠲᠥᠰᠦᠷᠬᠡᠦ᠂ ᠡᠴᠡᠩᠬᠢᠪᠳᠤᠷ ᠥᠨᠳᠥᠷ ᠬᠦᠵᠦᠭᠦᠦ ᠲᠡᠢ ᠪᠡᠶᠡᠷᠬᠡᠭ ᠲᠦᠷᠥᠭᠰᠡᠨ ᠠᠪᠠᠴᠤ ᠬᠡᠦᠬᠡᠳ ᠬᠥᠮᠦᠨ ᠨᠡᠷ᠎ᠡ ᠵᠢᠭᠠᠵᠤ ᠵᠠᠰᠠᠭ ᠪᠠᠷᠢᠬᠤ ᠭᠡᠭᠴᠢ ᠬᠥᠮᠦᠨ ᠦ᠌ ᠵᠢᠯᠣᠭᠣ ᠳ᠋ᠤ᠌ ᠱᠣᠭᠰᠢᠵᠤ ᠭᠦᠶᠦᠬᠦ ᠶ᠋ᠢᠨ ᠨᠡᠮᠡᠷᠢ᠂ ᠬᠠᠷᠠᠨᠤᠳ ᠮᠢᠩᠭᠠᠨᠪᠤᠤ ᠶ᠋ᠢᠨ ᠤᠳᠤᠮ ᠵᠠᠯᠭᠠᠵᠤ ᠠᠪᠤᠯ᠎ᠠ ᠴᠤ᠌ ᠭᠡᠰᠡᠨ ᠲᠡᠭᠦᠨ ᠦ᠌ ᠨᠥᠮᠥᠷᠢ ᠳ᠋ᠦ᠍ ᠬᠡᠰᠢᠭ ᠬᠦᠷᠲᠡᠨ᠎ᠡ ᠭᠡᠳᠡᠭ ᠲᠡᠷᠡ ᠬᠣᠯᠠ ᠲᠡᠭᠷᠢ ᠣᠢᠷ᠎ᠠ ᠭᠡᠵᠦ ᠰᠠᠨᠠᠨ ᠶᠠᠭᠠᠬᠢᠵᠤ ᠪᠡᠶ᠎ᠡ ᠪᠡᠷ ᠢ᠋ᠶ᠋ᠡᠨ ᠪᠠᠷᠠᠭᠤᠨ ᠬᠦᠩ ᠦ᠋ᠨ ᠬᠤᠰᠢᠭᠤᠨ ᠤ᠋ ᠡᠷᠬᠡ ᠶ᠋ᠢ ᠡᠵᠡᠮᠳᠡᠬᠦ ᠬᠣᠯᠠ ᠶ᠋ᠢᠨ ᠶᠠᠭᠤᠮ᠎ᠠ ᠪᠣᠳᠣᠵᠤ ᠰᠠᠭᠤᠪᠠ᠃
ᠷᠠᠰᠢ ᠵᠠᠬᠢᠷᠤᠭᠴᠢ ᠪᠠᠭ᠎ᠠ ᠬᠠᠲᠤᠨ ᠤ᠋ ᠴᠢᠬᠢᠨ ᠳ᠋ᠦ᠍《ᠪᠠᠷᠠᠭᠤᠨ ᠬᠦᠩ ᠦ᠋ᠨ ᠬᠣᠰᠢᠭᠤ ᠪᠥᠬᠡ ᠶ᠋ᠢᠨ ᠲᠡᠷᠢᠭᠦᠨ ᠢ᠋ᠶ᠋ᠡᠨ ᠮᠢᠩᠭᠠᠨ ᠬᠤᠰᠢᠭᠤᠨ ᠤ᠋ ᠠᠪᠤᠷᠭᠤ ᠳ᠋ᠤ᠌ ᠠᠯᠳᠠᠬᠤ ᠨᠢ ᠠ᠋ ! ᠡᠨᠡ ᠲᠡᠮᠤᠷᠳᠦ᠋ᠰᠢ ᠶ᠋ᠢ ᠡᠯᠳᠡᠩᠭᠡ ᠤᠷᠢᠵᠤ ᠢᠷᠡᠭᠰᠡᠨ ᠪᠣᠯᠤᠯᠲᠠᠢ᠃ ᠪᠠᠷᠠᠭᠤᠨ ᠬᠦᠩ ᠦ᠋ᠨ ᠬᠣᠰᠢᠭᠤ ᠪᠥᠬᠡ ᠶ᠋ᠢᠨ ᠲᠡᠷᠢᠭᠦᠨ ᠢ᠋ᠶ᠋ᠡᠨ ᠬᠠᠷᠢ ᠬᠤᠰᠢᠭᠤᠨ ᠳ᠋ᠤ᠌ ᠠᠯᠳᠠᠵᠤ ᠣᠷᠬᠢᠪᠠᠯ ᠪᠠᠭ᠎ᠠ ᠬᠠᠲᠤᠨ ᠲᠠᠨ ᠤ᠋ ᠨᠡᠷ᠎ᠡ ᠨᠢᠭᠤᠷ ᠲᠤ᠌ ᠰᠢᠪᠰᠢᠭ ! 》 ᠭᠡᠵᠦ ᠨᠢᠭᠡ ᠶᠠᠭᠤᠮ᠎ᠠ ᠶᠠᠩᠰᠢᠪᠠᠯ ᠪᠠᠭ᠎ᠠ ᠬᠠᠲᠤᠨ ᠳᠤᠷ᠎ᠠ ᠦᠭᠡᠢᠴᠡᠵᠦ᠄
— ᠲᠠ ᠪᠢᠲᠡᠭᠡᠢ ᠨᠢᠭᠡ ᠴᠢᠬᠢᠨ ᠦ᠌ ᠬᠤᠯᠤᠭᠤ ᠳᠡᠯᠡᠳᠦᠭᠰᠡᠨ ᠶᠠᠭᠤᠮ᠎ᠠ ᠪᠤᠪᠠᠲᠤᠨᠠᠭᠠᠳ ᠪᠠᠢ ! ᠶᠠᠭᠤᠨ ᠳ᠋ᠠᠭᠠᠨ ᠶᠠᠭᠤᠮ᠎ᠠ ᠪᠦᠬᠦᠨ ᠳ᠋ᠦ᠍ ᠡᠯᠳᠡᠩᠭᠡ᠂ ᠡᠯᠳᠡᠩᠭᠡ ᠭᠡᠳ ᠪᠠᠢᠨ᠎ᠠ ? ᠡᠷ᠎ᠡ ᠶ᠋ᠢᠨ ᠭᠤᠷᠪᠠᠨ ᠨᠠᠭᠠᠳᠤᠮ ᠳ᠋ᠤ᠌ ᠡᠷ᠎ᠡ ᠲᠤᠷᠪᠢ ᠪᠠᠷ ᠢ᠋ᠶ᠋ᠠᠨ ᠰᠢᠯᠭᠠᠷᠠᠳᠠᠭ ᠨᠢ ᠮᠣᠩᠭᠣᠯ ᠤ᠋ᠨ ᠬᠡᠵᠢᠶ᠎ᠡ ᠶᠠᠵᠢᠶᠠᠨ ᠤ᠋ ᠤᠳᠤᠮᠰᠢᠯᠲᠤ ᠶᠣᠰᠣ ᠪᠣᠯᠬᠤ ᠡᠴᠡ᠂ ᠶᠠᠮᠠᠷ ᠬᠡᠨ ᠠᠯᠢᠨ ᠤ᠋ ᠬᠤᠪᠢ ᠶ᠋ᠢᠨ ᠦᠰ ᠵᠠᠩᠭᠢᠳᠤᠭ᠎ᠠ ᠪᠠᠷ ᠰᠢᠢᠳᠪᠦᠷᠢᠯᠡᠭᠳᠡᠳᠡᠭ ᠶᠠᠭᠤᠮ᠎ᠠ ᠪᠢᠰᠢ! ᠵᠠᠶᠠᠭ᠎ᠠ ᠨᠢ ᠮᠡᠳᠡᠲᠦᠭᠡᠢ! ᠪᠠᠷᠠᠭᠤᠨ ᠬᠦᠩ ᠰᠠᠢᠨ ᠪᠥᠬᠡ ᠪᠠᠢᠬᠤ ᠦᠭᠡᠢ ᠳ᠋ᠡᠭᠡᠨ ᠪᠥᠬᠡ ᠶ᠋ᠢᠨ ᠲᠦᠷᠦᠭᠦᠦ ᠪᠡᠨ ᠠᠯᠳᠠᠵᠤ ᠣᠷᠬᠢᠪᠠᠯ ᠱᠣᠷᠣ ᠨᠢ ᠲᠡᠷᠡ ! ᠭᠡᠰᠡᠨ ᠳ᠋ᠦ᠍ ᠷᠠᠰᠢ ᠵᠠᠬᠢᠷᠤᠭᠴᠢ ᠪᠠᠰᠠ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠵᠤ ᠬᠤᠯᠮᠠᠢᠭᠰᠠᠭᠠᠷ ᠵᠠᠢᠯᠠᠪᠠ᠃
— ᠪᠠᠭ᠎ᠠ ᠬᠠᠲᠤᠨ ᠲᠠ ᠰᠠᠨᠠᠭ᠎ᠠ ᠠᠮᠤᠷ ᠰᠠᠭᠤᠵᠤ ᠯᠠ ᠪᠠᠢ᠃ ᠡᠨᠡ ᠬᠦᠦ ᠮᠤᠨᠳᠠᠭ ᠴᠢᠳᠠᠯ ᠲᠠᠢ᠃ ᠪᠠᠭ᠎ᠠ ᠠ᠋ᠴᠠ ᠪᠠᠨ ᠢᠨᠵᠠᠭ᠎ᠠ᠂ ᠲᠤᠭᠤᠯ ᠲᠡᠪᠡᠷᠢᠵᠦ ᠦᠰᠦᠨ ᠡᠳᠦᠷ ᠪᠣᠯᠭᠠᠨ ᠡᠷᠭᠦᠨ ᠨᠣᠴᠣᠯᠳᠤᠭᠰᠠᠭᠠᠷ ᠪᠠᠢᠵᠤ ᠨᠥᠭᠦᠭᠡ ᠲᠤᠭᠤᠯ ᠢ᠋ ᠪᠢᠷᠠᠭᠤᠨ ᠪᠤᠬ᠎ᠠ ᠪᠣᠯᠲᠠᠯ᠎ᠠ ᠲᠡᠪᠡᠷᠢᠵᠦ ᠳᠠᠭᠠᠭᠠᠳᠠᠭ ᠤᠨᠠᠭᠠᠨ ᠠ᠋ᠴᠠ ᠪᠠᠨ ᠴᠢᠮᠦᠭᠡᠰᠢᠭᠰᠡᠨ ᠲᠡᠩᠬᠡᠭᠡ ᠲᠡᠢ ᠶᠦᠮ ᠠ᠋᠃ ᠨᠥᠭᠦᠭᠡ ᠰᠣᠷᠲᠣᠭᠣ ᠶᠡᠬᠡᠲᠡᠢ ᠮᠢᠩᠭᠠᠨ ᠬᠤᠰᠢᠭᠤᠨ ᠤ᠋ ᠠᠪᠤᠷᠭᠤ ᠲᠡᠮᠤᠷᠳᠦ᠋ᠰᠢ ᠲᠡᠭᠦᠨ ᠳ᠋ᠦ᠍ ᠶᠠᠭᠤ ᠴᠤ᠌ ᠪᠢᠰᠢ! ᠲᠡᠷᠡ ᠣᠷᠣᠭ᠎ᠠ ᠵᠡᠷᠯᠢᠭ ᠬᠠᠷ᠎ᠠ ᠪᠤᠬ᠎ᠠ ᠶ᠋ᠢ ᠶᠠᠭᠠᠬᠢᠵᠤ ᠨᠤᠮᠣᠬᠠᠳᠬᠠᠭᠰᠠᠨ ᠪᠢᠯᠡ⁈ ᠬᠠᠷᠠᠭᠰᠠᠨ ᠦᠭᠡᠢ ᠤᠤ ᠲᠠ ? ᠭᠡᠵᠦ ᠪᠠᠶᠠᠨ ᠰᠤᠩᠷᠠᠢ ᠪᠠᠭ᠎ᠠ ᠬᠠᠲᠤᠨ ᠤ᠋ ᠠᠷᠤ ᠠ᠋ᠴᠠ ᠬᠡᠯᠡᠨ᠎ᠡ᠃
— ᠲᠡᠢᠮᠦ ᠠ᠋! ᠲᠡᠷᠡ ᠬᠠᠷ᠎ᠠ ᠪᠤᠬ᠎ᠠ ᠭᠡᠭᠴᠢ ᠤᠬᠠᠭᠠᠨ ᠮᠠᠲᠠᠯ ᠦᠭᠡᠢ ᠠᠳᠤᠭᠤᠰᠤ ᠶ᠋ᠢᠨ ᠠᠮᠢᠲᠠᠨ᠃ ᠡᠨᠡ ᠲᠡᠮᠦᠷᠳᠦ᠋ᠰᠢ ᠭᠡᠭᠴᠢ ᠪᠥᠬᠡ ᠶ᠋ᠢᠨ ᠮᠡᠬᠡ ᠳ᠋ᠦ᠍ ᠴᠠᠭᠠᠷᠠᠭᠰᠠᠨ ᠡᠷ᠎ᠡ ᠭᠡᠨ᠎ᠡ ᠪᠢᠯᠡ ! ᠪᠠᠷᠠᠭᠤᠨ ᠬᠦᠩ ᠦ᠋ᠨ ᠵᠢᠷᠣᠭ᠎ᠠ ᠬᠠᠯᠢᠭᠤᠨ ᠮᠣᠷᠢ ᠶ᠋ᠢ ᠬᠥᠲᠥᠯᠦᠨ᠎ᠡ ᠭᠡᠵᠦ ᠨᠠᠭᠠᠳᠤᠮ ᠴᠤᠤᠷᠬᠠᠭᠳᠠᠯᠠ ᠳᠣᠷᠭᠢᠵᠤ ᠪᠠᠢᠭᠰᠠᠨ ᠯᠠ ᠭᠡᠬᠦ ᠶᠦ᠍ᠮ !
— ᠶᠡᠬᠡ ᠰᠠᠨᠠᠭᠰᠠᠨ ᠭᠠᠵᠠᠷ ᠶᠢᠰᠦ ᠬᠣᠨᠣᠭ ᠬᠣᠭᠣᠰᠣᠨ ᠭᠡᠳᠡᠭ ᠦᠭᠡ ᠪᠠᠢᠳᠠᠭ ᠰᠢᠳᠡ᠃ ᠪᠠᠭ᠎ᠠ ᠬᠠᠲᠤᠨ ᠲᠠ ᠬᠠᠷᠠᠵᠤ ᠯᠠ ᠪᠠᠢ ᠳᠠ!
— ᠲᠠ ᠡᠨᠡ ᠬᠦᠦ ᠶ᠋ᠢ ᠲᠠᠨᠢᠬᠤ ᠤᠤ ?
ᠭᠡᠰᠡᠨ ᠳ᠋ᠦ᠍ ᠲᠡᠭᠦᠨ ᠦ᠌ ᠴᠢᠷᠠᠢ ᠨᠢᠯ ᠬᠢᠨ ᠨᠢᠯᠴᠢᠭᠢᠨᠡᠵᠦ ᠬᠦᠵᠦᠭᠦᠦ ᠤᠷᠤᠭᠤ ᠨᠢ ᠬᠠᠯᠠᠭᠤ ᠠᠰᠠᠪᠠ᠃
ᠪᠥᠬᠡ ᠰᠣᠨᠢᠷᠬᠠᠭᠴᠢᠳ ᠭᠠᠳᠠᠨ᠎ᠠ ᠠ᠋ᠴᠠ《ᠢᠩᠭᠢ᠂ ᠴᠢᠩᠭᠢ! 》《ᠬᠡᠷᠰᠡᠦᠯᠠ ᠠ᠋᠂ ᠠᠭᠤᠯᠠᠨᠭᠦᠦ! 》 ᠭᠡᠵᠦ ᠬᠠᠰᠬᠢᠷᠤᠯᠳᠤᠬᠤ ᠶ᠋ᠢ ᠰᠣᠨᠣᠰᠬᠤ ᠠᠩᠬᠠᠷᠤᠯ ᠲᠡᠭᠦᠨ ᠳ᠋ᠦ᠍ ᠪᠠᠢᠭᠰᠠᠨ ᠦᠭᠡᠢ᠃ ᠲᠡᠭᠡᠬᠦ ᠳ᠋ᠦ᠍ ᠮᠠᠨᠤᠬᠤᠸᠠᠷ ᠤ᠋ᠨ 《ᠵᠢᠰ ᠵᠢᠰ》 ᠬᠠᠰᠬᠢᠷᠬᠤ ᠳᠠᠭᠤᠨ ᠲᠡᠭᠦᠨ ᠦ᠌ ᠴᠢᠬᠢᠨ ᠳ᠋ᠦ᠍ ᠮᠥᠩᠭᠥᠨ ᠬᠣᠩᠬᠣ ᠰᠢᠭ᠋ ᠵᠢᠩᠭᠢᠨᠡᠨ ᠰᠣᠨᠣᠰᠳᠠᠬᠤ ᠳ᠋ᠤ᠌ ᠭᠡᠨᠡᠠᠳᠳᠡ ᠶᠠᠭᠤ ᠪᠣᠳᠣᠭᠳᠠᠵᠤ ᠬᠠᠮᠢᠭ᠎ᠠ ᠠ᠋ᠴᠠ ᠢᠳᠡ ᠲᠠᠮᠢᠷ ᠡᠭᠦᠰᠦᠭᠰᠡᠨ ᠢ᠋ ᠮᠡᠳᠡᠬᠦ ᠦᠭᠡᠢ ᠪᠦᠬᠦ ᠪᠡᠶ᠎ᠡ ᠳ᠋ᠦ᠍ᠨᠢ ᠪᠠᠷᠠᠭᠳᠠᠰᠢ ᠦᠭᠡᠢ ᠬᠦᠴᠦ ᠴᠢᠳᠠᠯ ᠡᠷᠴᠢᠯᠡᠭᠳᠡᠭᠰᠡᠨ ᠮᠡᠲᠦ ᠰᠠᠨᠠᠭᠳᠠᠪᠠ᠃ ᠠᠭᠤᠯᠠᠨᠭᠦᠦ ᠳᠣᠲᠣᠷ᠎ᠠ ᠪᠠᠨ 《ᠰᠠᠨᠠᠭ᠎ᠠ ᠠᠮᠤᠷ ᠪᠠᠢ᠂ ᠪᠢ ᠡᠨᠡ ᠡᠷ᠎ᠡ ᠶ᠋ᠢ ᠮᠥᠨ ᠢᠩᠭᠢᠭᠡᠳ ᠳᠠᠷᠤᠴᠢᠬᠠᠶᠠ》 ᠭᠡᠵᠦ ᠪᠣᠳᠣᠨ ᠡᠪᠴᠢᠭᠦᠨ ᠳᠣᠣᠷ᠎ᠠ ᠨᠢ ᠲᠣᠩᠭᠣᠷᠠᠬᠤ ᠪᠠᠷ ᠪᠦᠭᠴᠥᠢᠭᠰᠡᠨ ᠳᠡᠮᠤᠷᠳᠦ᠋ᠰᠢ ᠶ᠋ᠢ ᠳᠣᠷᠣᠭᠰᠢ ᠪᠠᠨ ᠭᠠᠵᠠᠷ ᠨᠠᠭᠠᠯᠳᠤᠲᠠᠯᠠ ᠳᠠᠷᠤᠬᠤ ᠭᠡᠲᠡᠯ᠎ᠠ ᠬᠠᠰᠢᠷ ᠪᠥᠬᠡ ᠲᠡᠮᠤᠷᠳᠦ᠋ᠰᠢ ᠬᠡᠳ᠋ᠦ᠋ᠢᠨ ᠠᠵᠢᠭ ᠮᠡᠳᠡᠵᠦ ᠪᠠᠷᠢᠴᠠ ᠪᠠᠨ ᠠᠯᠳᠠᠷᠠᠭᠠᠨ ᠪᠤᠯᠲᠠᠰᠬᠢᠨ ᠵᠠᠢᠯᠠᠪᠠ᠃
ᠬᠥᠮᠦᠰ ᠦ᠋ᠨ ᠴᠡᠭᠡᠵᠢᠨ ᠳ᠋ᠦ᠍ ᠳᠡᠭᠦᠵᠢᠯᠡᠭᠳᠡᠭᠰᠡᠨ ᠴᠢᠯᠠᠭᠤ ᠠᠯᠳᠠᠷᠠᠨ ᠤᠨᠠᠵᠤ᠂ ᠴᠡᠭᠡᠵᠢ ᠪᠡᠨ ᠣᠩᠭᠣᠢᠲᠠᠯ᠎ᠠ ᠠᠭᠤᠵᠢᠷᠠᠨ ᠠᠮᠢᠰᠬᠤᠨ᠎ᠠ᠃
ᠵᠢᠷᠣᠭ᠎ᠠ ᠬᠠᠯᠢᠭᠤᠨ ᠮᠣᠷᠢ ᠬᠥᠲᠥᠯᠦᠨ᠎ᠡ ᠭᠡᠵᠦ ᠡᠷᠲᠡ ᠡᠴᠡ ᠪᠠᠷᠳᠠᠮ ᠦᠭᠡ ᠰᠠᠴᠤᠵᠤ ᠶᠠᠪᠤᠭᠰᠠᠨ ᠲᠡᠮᠦᠷᠳᠦ᠋ᠰᠢ ᠣᠳᠣ ᠬᠠᠷᠢᠨ ᠰᠠᠨᠳᠤᠷᠴᠤ 《ᠰᠢᠳᠢ ᠪᠡᠨ ᠦᠵᠡᠭᠦᠯᠨᠡ ᠭᠡᠳ ᠰᠢᠪᠰᠢᠭ ᠢ᠋ᠶ᠋ᠡᠨ ᠦᠵᠡᠭᠦᠯᠴᠢᠬᠡᠪᠡᠯ ᠬᠠᠷᠢᠨ ᠮᠠᠭᠤᠬᠠᠢ ᠪᠣᠯᠤᠨ᠎ᠠ ᠳᠠ》 ᠭᠡᠵᠦ ᠪᠣᠳᠣᠬᠤ ᠠ᠋ᠴᠠ ᠮᠠᠩᠨᠠᠢ ᠳ᠋ᠤᠨᠢ ᠬᠦᠢᠲᠡᠨ ᠬᠥᠯᠥᠰᠥ ᠴᠢᠬᠠᠷᠠᠪᠠ᠃ ᠳᠤᠮᠳᠠᠲᠤ ᠬᠦᠩ ᠦ᠋ᠨ ᠠᠪᠤᠷᠭᠤ ᠵᠠᠨ᠎ᠠ ᠡᠨᠡ ᠴᠢᠯᠳᠡᠩ ᠬᠦᠦ ᠳ᠋ᠦ᠍ ᠬᠤᠰᠤᠮ ᠦᠭᠡᠢ ᠬᠤᠰᠤᠭᠤᠯᠳᠠᠭ ᠨᠢ ᠴᠠᠭᠠᠨ᠎ᠠ ᠪᠠᠨ ᠤᠴᠢᠷ ᠲᠠᠢ ᠪᠠᠢᠵᠢ ᠳᠠ ! ᠠᠮᠠᠨ ᠤ᠋ ᠬᠢᠨᠢ ᠰᠢᠷ᠎ᠠ ᠨᠢ ᠬᠠᠲᠠᠭᠠᠳᠤᠢ ᠮᠠᠭᠤ ᠵᠣᠯᠳᠣᠷᠣᠢ ᠭᠡᠵᠦ ᠪᠣᠳᠣᠭᠰᠠᠨ ᠴᠢᠨᠢ ᠶᠣᠰᠣᠲᠠᠢ ᠯᠠ ᠪᠠᠰᠤᠭᠰᠠᠨ ᠡᠪᠡᠰᠦ ᠪᠦᠭᠰᠡ ᠬᠠᠳᠬᠤᠪᠠ ᠭᠡᠭᠴᠢ ᠪᠣᠯᠵᠤ ᠠᠩᠬ᠎ᠠ ᠪᠠᠷᠢᠴᠠ ᠪᠤᠯᠢᠶᠠᠬᠤ ᠳ᠋ᠤ᠌ ᠭᠠᠷ ᠢ᠋ᠶ᠋ᠠᠨ ᠶᠠᠩᠭᠢᠨᠠᠲᠠᠯ᠎ᠠ ᠴᠣᠬᠢᠭᠤᠯᠵᠤ᠂ ᠤᠳᠬᠤᠵᠤ ᠪᠠᠢᠭᠠᠳ ᠭᠤᠳᠤᠷᠠᠭᠤᠯᠤᠨ ᠬᠥᠨᠲᠥᠷᠦᠶᠡ ᠭᠡᠰᠡᠨ ᠮᠢᠨᠢ ᠡᠰᠡ ᠯᠡ ᠬᠢᠭᠳᠡᠴᠢᠬᠡᠬᠦ ᠰᠢᠬᠠᠯ᠎ᠠ ᠁ ᠬᠠᠰᠢᠷ ᠰᠠᠭᠤᠭᠠᠳᠤᠢ ᠬᠡᠤᠬᠡᠳᠯᠢᠭ ᠪᠥᠬᠡ ᠬᠣᠢᠨ᠎ᠠ ᠳᠠ᠂ ᠮᠡᠬᠡ ᠲᠡᠩᠬᠡᠭᠡ ᠲᠡᠩᠴᠡᠭᠰᠡᠨ ᠡᠷ᠎ᠡ ᠢᠩᠭᠢᠵᠦ ᠨᠠᠳᠠ ᠲᠠᠭᠠᠷᠠᠭᠰᠠᠨ ᠪᠣᠯ ᠨᠠᠮᠠᠶ᠋ᠢ ᠬᠡᠳᠤᠢᠨ ᠰᠢᠷᠤᠢᠳᠤᠭᠤᠯᠴᠢᠬᠠᠭᠰᠠᠨ ᠪᠠᠢᠭ᠎ᠠ ᠁ ᠠ ᠳᠠ᠂ ᠨᠠᠰᠤ ᠪᠠᠭ᠎ᠠ ᠴᠤ᠌ ᠭᠡᠰᠡᠨ ᠦᠬᠡᠷ ᠴᠢᠳᠠᠯ ᠲᠠᠢ᠂ ᠮᠤᠨᠳᠠᠭ ᠡᠷ᠎ᠡ ᠶ᠋ᠢᠨ ᠨᠢᠭᠡ ᠶᠦ᠍ᠮ ᠠ᠋! ᠬᠣᠶᠠᠷ ᠬᠥᠯ ᠨᠢ ᠵᠠᠭᠠᠨ ᠤ᠋ ᠬᠥᠯ ᠯᠡ ᠭᠡᠵᠦ ᠮᠡᠳᠡ ! ᠡᠭᠦᠨ ᠲᠡᠢ ᠢᠩᠭᠢᠵᠦ ᠪᠠᠷᠢᠴᠠ ᠪᠠᠨ ᠥᠭᠴᠦ ᠬᠥᠰᠢᠭᠦᠨ ᠣᠷᠣᠭᠠᠳ ᠪᠣᠯᠬᠤ ᠦᠭᠡᠢ ᠶᠦ᠍ᠮ ᠪᠠᠢᠨ᠎ᠠ ᠭᠡᠵᠦ ᠪᠣᠳᠣᠭᠠᠳ ᠵᠣᠳᠣᠭ ᠪᠠᠷᠢᠯᠴᠠᠬᠤ ᠭᠡᠵᠦ ᠬᠠᠭᠤᠷᠮᠠᠭ ᠨᠥᠷᠢᠯᠲᠡ ᠦᠵᠡᠭᠦᠯᠦᠨ ᠭᠠᠷ ᠤ᠋ᠨ ᠦᠵᠦᠭᠦᠷ ᠢ᠋ ᠨᠢ ᠶᠠᠯᠢᠮ ᠦᠭᠡᠢ ᠰᠢᠭᠦᠷᠡᠨ ᠭᠤᠲᠤᠯ ᠤ᠋ᠨ ᠬᠢᠨᠢ ᠵᠤᠯᠤᠭ ᠳᠠᠭᠠᠭᠤᠯᠤᠨ ᠳᠡᠩᠳᠡᠭᠦᠯᠦᠨ ᠬᠠᠪᠰᠤᠷᠪᠠ᠃ ᠰᠦᠷᠡᠬᠡᠢ ᠬᠦᠴᠦᠲᠡᠢ ᠴᠣᠬᠢᠭᠰᠠᠨ ᠠ᠋ᠴᠠ ᠠᠭᠤᠯᠠᠨᠭᠦᠦ ᠶ᠋ᠢᠨ ᠪᠤᠷᠤᠭᠤ ᠲᠠᠯ᠎ᠠ ᠶ᠋ᠢᠨ ᠪᠤᠯᠢᠭᠠᠷᠢ ᠭᠤᠲᠤᠯ ᠤ᠋ᠨ ᠬᠢᠨᠢ ᠤᠯᠠ ᠨᠢ ᠬᠠᠭᠵᠠᠷᠠᠭᠰᠠᠨ ᠳ᠋ᠤ᠌ ᠲᠡᠮᠤᠷᠳᠦ᠋ᠰᠢ ᠬᠦᠴᠦᠨ ᠳ᠋ᠡᠭᠡᠨ ᠲᠠᠢᠯᠳᠠᠨ ᠲᠠᠯᠲᠢᠷᠠᠨᠠ᠃ ᠡᠨᠡ ᠳᠡᠯᠢᠮ ᠳ᠋ᠦ᠍ ᠠᠭᠤᠯᠠᠨᠭᠦᠦ ᠲᠡᠮᠦᠷᠳᠦ᠋ᠰᠢ ᠶ᠋ᠢᠨ ᠴᠠᠷᠪᠠᠭᠤ ᠠ᠋ᠴᠠ ᠴᠢᠩᠭ᠎ᠠ ᠵᠠᠭᠤᠷᠠᠨ ᠪᠡᠶ᠎ᠡ ᠤᠷᠤᠭᠤ ᠪᠠᠨ ᠲᠠᠲᠠᠰᠬᠢᠨ ᠰᠤᠭᠰᠤᠷᠴᠤ ᠬᠠᠷ᠎ᠠ ᠬᠦᠴᠦ ᠪᠡᠷ ᠢ᠋ᠶ᠋ᠡᠨ ᠴᠣᠴᠢᠮᠠᠭ ᠲᠦᠯᠬᠢᠭᠰᠡᠨ ᠳᠤ ᠠᠪᠤᠷᠭᠤ ᠪᠥᠬᠡ ᠲᠡᠮᠤᠷᠳᠦ᠋ᠰᠢ ᠠᠷᠤᠨᠰᠢ ᠪᠠᠨ ᠬᠡᠯᠲᠦᠷᠢᠵᠦ ᠥᠰᠥᠭᠡᠢ ᠳᠡᠭᠡᠷ᠎ᠡ ᠪᠡᠨ ᠪᠡᠶ᠎ᠡ ᠪᠡᠨ ᠲᠣᠭᠲᠠᠭᠠᠵᠤ ᠴᠢᠳᠠᠯ ᠦᠭᠡᠢ ᠬᠡᠢᠳᠡᠵᠦ ᠬᠣᠶᠠᠷ ᠭᠠᠷ ᠢ᠋ᠶ᠋ᠠᠨ ᠰᠠᠷᠪᠠᠭᠠᠨᠠᠭᠤᠯᠤᠨ ᠭᠠᠵᠠᠷ ᠲᠤᠯᠵᠤ ᠠᠯᠴᠠᠢᠨ ᠰᠠᠭᠤᠪᠠ᠃
ᠪᠥᠬᠡ ᠶ᠋ᠢᠨ ᠲᠠᠯᠠᠪᠠᠢ ᠳ᠋ᠤ᠌ ᠨᠦᠷ ᠬᠢᠨ ᠱᠤᠤᠭᠢᠯᠳᠤᠵᠤ᠂ 《ᠪᠠᠷᠠᠭᠤᠨ ᠬᠦᠩ ᠦ᠋ᠨ ᠵᠢᠷᠣᠭ᠎ᠠ ᠬᠠᠯᠢᠭᠤᠨ ᠮᠣᠷᠢ ᠶ᠋ᠢ ᠬᠥᠲᠥᠯᠦᠨ᠎ᠡ ᠭᠡᠰᠡᠨ ᠪᠠᠷᠳᠠᠮ ᠠᠮᠠᠲᠤ ᠶᠣᠰᠣᠲᠠᠢ ᠬᠣᠬᠢ ᠨᠢ ᠲᠡᠷᠡ》᠂《ᠭᠦᠰᠢ᠂ ᠭᠠᠨᠵᠤᠭᠠᠯᠠᠵᠤ ᠢᠷᠡᠭᠰᠡᠨ ᠬᠢᠯᠭᠠᠰᠤᠨ ᠨᠣᠭᠲᠣ ᠪᠠᠷ ᠪᠢᠲᠡᠭᠡᠢ ᠯᠡ ᠬᠥ᠋ᠵᠦᠭᠦᠦ ᠪᠡᠨ ᠪᠣᠭᠣᠴᠢᠬᠠ ᠳᠠ! ᠬᠦᠵᠦᠭᠦᠨ ᠦ᠌ ᠨᠢᠮᠭᠡᠨ ᠠᠷᠠᠰᠤ ᠶ᠋ᠢ ᠴᠢᠨᠢ ᠬᠢᠯᠭᠠᠰᠤ ᠬᠠᠳᠬᠤᠬᠤ ᠪᠣᠢ!》 ᠭᠡᠵᠦ ᠱᠣᠣᠯᠠᠨ 《ᠢᠩᠭᠢᠵᠦ ᠯᠡ ᠪᠠᠷᠳᠠᠮ ᠠᠮᠠ ᠶ᠋ᠢ ᠴᠢᠨᠢ ᠬᠠᠭᠠᠬᠤ ᠳ᠋ᠠᠭᠠᠨ ᠲᠠᠭᠠᠷᠠᠨ᠎ᠠ 》 ᠭᠡᠯᠴᠡᠪᠡ᠃
ᠴᠠᠭᠠᠳᠤ ᠰᠢᠷᠤᠢᠳᠤᠭᠰᠠᠨ ᠲᠡᠮᠤᠷᠳᠦ᠋ᠰᠢ ᠶᠠᠭ ᠯᠠ ᠳᠤᠨᠳᠠᠭᠤᠷ ᠠᠭᠤᠯᠤᠭᠰᠠᠨ ᠭᠦᠵᠡᠭᠡ ᠲᠡᠢ ᠰᠢᠷ᠎ᠠ ᠲᠣᠰᠣ ᠰᠢᠭ᠋ ᠱᠠᠯᠴᠢᠵᠤ ᠬᠣᠷᠣᠰᠤᠯ ᠳ᠋ᠠᠭᠠᠨ 《ᠮᠠᠭᠤ ᠵᠣᠯᠳᠣᠷᠣᠢ ᠶ᠋ᠢ ᠰᠢᠷᠭᠤᠵᠤ ᠣᠷᠣᠭᠠᠳ ᠭᠠᠨᠵᠤᠭᠠᠯᠠᠳᠠᠭ ᠪᠠᠢᠵᠠᠢ! ᠠ᠂ ᠪᠠᠢᠵᠠ ᠮᠠᠭᠤ ᠳᠠᠮᠰᠢᠭ ᠢ᠋ ᠁ 》 ᠭᠡᠵᠦ ᠪᠣᠰᠬᠤ ᠳ᠋ᠤᠨᠢ ᠨᠢᠭᠡ ᠲᠣᠮᠣ ᠭᠠᠷ ᠲᠡᠭᠦᠨ ᠢ᠋ ᠲᠡᠳᠬᠦᠨ ᠡᠷᠭᠦᠵᠦ ᠵᠣᠳᠣᠭ ᠤ᠋ᠨ ᠬᠢᠨᠢ ᠲᠣᠭᠣᠰᠣ ᠶ᠋ᠢ ᠬᠥᠪᠢᠯᠭᠢᠯᠡᠨ᠄
— ᠪᠥᠬᠡ ᠬᠥᠮᠦᠨ ᠪᠦᠳᠦᠭᠦᠨ ᠡᠪᠡᠰᠦᠨ ᠳ᠋ᠦ᠍ ᠪᠦᠳᠦᠷᠢᠨ᠎ᠡ ᠭᠡᠳᠡᠭ᠃ ᠴᠢ ᠠᠩᠬ᠎ᠠ ᠤᠳᠬᠤᠵᠤ ᠠᠬᠢᠭᠠᠳ ᠲᠣᠩᠭᠣᠷᠠᠬᠤ ᠳ᠋ᠠᠭᠠᠨ ᠪᠤᠰᠢᠭᠤᠬᠠᠨ ᠬᠥᠨᠲᠥᠷᠦᠭᠰᠡᠨ ᠪᠣᠯ ᠬᠠᠷᠢᠨ ᠲᠠᠭᠠᠷᠠᠬᠤ ᠪᠠᠢᠭᠰᠠᠨ ᠠ᠋ ᠭᠡᠵᠦ ᠵᠠᠨ᠎ᠠ ᠬᠡᠯᠡᠭᠰᠡᠨ ᠨᠢ 《ᠴᠢᠮ᠎ᠠ ᠳ᠋ᠤ᠌ ᠪᠠᠰᠠ ᠰᠢᠷᠤᠢᠳᠤᠳᠠᠭ ᠴᠠᠭ ᠪᠠᠢᠵᠢ ᠤᠣ ? 》 ᠭᠡᠵᠦ ᠲᠡᠭᠦᠨ ᠢ᠋ ᠲᠠᠪᠠᠯᠠᠭᠰᠠᠨ ᠰᠢᠭ᠋ ᠲᠠᠮᠤᠷᠳᠦ᠋ᠰᠢ ᠳ᠋ᠦ᠍ ᠬᠠᠷ᠎ᠠ ᠬᠣᠷᠣᠲᠠᠢ ᠰᠠᠨᠠᠭᠳᠠᠵᠤ ᠳᠣᠲᠣᠷ᠎ᠠ ᠨᠢ ᠠᠲᠠᠭ᠎ᠠ ᠶ᠋ᠢᠨ ᠮᠠᠨᠠᠨ ᠲᠠᠲᠠᠪᠠ᠃
ᠲᠡᠮᠤᠷᠳᠦ᠋ᠰᠢ᠂ ᠠᠪᠤᠷᠭᠤ ᠵᠠᠨ᠎ᠠ ᠶ᠋ᠢᠨ ᠥᠭᠡᠳᠡ ᠡᠴᠡ ᠶᠠᠭᠤ ᠴᠤ᠌ ᠬᠡᠯᠡᠭᠰᠡᠨ ᠦᠭᠡᠢ ᠳ᠋ᠦ᠍᠂ ᠵᠠᠨ᠎ᠠ ᠬᠠᠷᠢᠨ ᠳᠣᠲᠣᠷ᠎ᠠ ᠪᠠᠨ 《ᠴᠢ ᠪᠢᠳᠡ ᠬᠣᠶᠠᠷ ᠠᠮᠠ ᠪᠠᠷᠳᠠᠮ ᠠᠯᠠ ᠱᠠᠯᠳᠠᠩ ᠪᠣᠯᠵᠤ ᠲᠡᠮᠡᠭᠡᠨ ᠳ᠋ᠦ᠍ ᠠᠴᠢᠭᠰᠠᠨ ᠴᠤ᠌ ᠳᠠᠩ ᠰᠠᠴᠠᠭᠤ᠂ ᠢᠮᠠᠭᠠᠨ ᠳ᠋ᠤ᠌ ᠠᠴᠢᠭᠰᠠᠨ ᠴᠤ᠌ ᠶᠠᠭ ᠰᠠᠴᠠᠭᠤ ᠪᠣᠯᠵᠠᠢ ! ᠨᠢᠭᠡ ᠮᠠᠭᠤ ᠬᠡᠦᠬᠡᠳ ᠲᠦ᠍ ᠬᠠᠶᠠᠭᠳᠠᠬᠤ ᠳ᠋ᠠᠭᠠᠨ ᠁ ᠡᠮᠦᠨ᠎ᠡ ᠭᠠᠷᠤᠭᠰᠠᠨ ᠴᠢᠬᠢ ᠡᠴᠡ ᠬᠣᠢᠨ᠎ᠠ ᠭᠠᠷᠤᠭᠰᠠᠨ ᠡᠪᠡᠷ ᠭᠡᠭᠴᠢ ᠡᠨᠡ ᠳ᠋ᠨ !》 ᠭᠡᠵᠦ ᠵᠠᠨ᠎ᠠ ᠲᠡᠮᠦᠷᠳᠦ᠋ᠰᠢ ᠶ᠋ᠢᠨ ᠮᠥᠷᠥ ᠶ᠋ᠢ ᠬᠦᠴᠦᠲᠡᠢ ᠠᠯᠠᠭᠠᠳᠠᠭᠠᠳ ᠴᠠᠭᠠᠰᠢ ᠡᠷᠭᠢᠵᠦ ᠶᠠᠪᠤᠪᠠ᠃
ᠨᠠᠭᠠᠳᠤᠮᠴᠢ ᠣᠯᠠᠨ ᠤ᠋ ᠬᠠᠢᠷ᠎ᠠ ᠬᠦᠨᠳᠦᠲᠡᠢ ᠨᠢᠳᠦᠨ ᠦ᠌ ᠬᠠᠯᠠᠭᠤᠨ ᠴᠣᠭ ᠠᠭᠤᠯᠠᠡᠭᠦᠦ ᠶ᠋ᠢ ᠪᠦᠪᠡᠢᠯᠡᠨ ᠰᠢᠷᠲᠡᠵᠦ ᠪᠠᠢᠯ᠎ᠠ᠃
ᠲᠡᠨᠳᠡ ᠪᠠᠭ᠎ᠠ ᠵᠠᠰᠠᠭ ᠠᠯᠳᠠᠨᠸᠴᠢᠷ ᠲᠦᠮᠡᠨ ᠣᠯᠠᠨ ᠤ᠋ ᠱᠠᠭᠰᠢᠯ ᠮᠠᠭᠲᠠᠭᠠᠯ ᠳᠤᠮᠳᠠ ᠵᠢᠷᠣᠭ᠎ᠠ ᠬᠠᠯᠢᠭᠤᠨ ᠮᠣᠷᠢᠨ ᠤ᠋ ᠴᠤᠯᠪᠤᠭᠤᠷ ᠢ᠋ ᠪᠥᠬᠡ ᠶ᠋ᠢᠨ ᠲᠡᠷᠢᠭᠦᠨ ᠠᠭᠤᠯᠠᠨᠭᠦᠦ ᠳ᠋ᠦ᠍ ᠪᠠᠷᠢᠭᠤᠯᠤᠭᠰᠠᠨ ᠳ᠋ᠤ᠌᠂ ᠨᠠᠢᠷ ᠤ᠋ᠨ ᠮᠠᠭᠲᠠᠭᠠᠯᠴᠢ ᠠ᠋ᠴᠠ ᠠᠭᠤᠯᠠᠨᠭᠦᠦ ᠪᠣᠯᠤᠨ ᠵᠢᠷᠣᠭ᠎ᠠ ᠬᠠᠯᠢᠭᠤᠨ ᠮᠣᠷᠢᠨ ᠤ᠋ ᠮᠠᠩᠨᠠᠢ ᠳ᠋ᠤ᠌ ᠰᠢᠷ᠎ᠠ ᠲᠣᠰᠣ ᠳᠦᠷᠭᠢᠨ ᠮᠢᠯᠢᠶᠠᠵᠤ᠂ ᠠᠭᠤᠯᠡᠨᠭᠦᠦ ᠶ᠋ᠢ ᠦᠨᠦᠰᠦᠭᠡᠳ᠄
᠁
ᠨᠠᠷᠭᠢᠶᠠᠨᠲᠤ ᠶᠡᠬᠡ ᠨᠠᠭᠠᠳᠤᠮ ᠳ᠋ᠤ᠌
ᠨᠠᠢᠷᠰᠠᠭ ᠶᠣᠰᠣ ᠪᠠᠷ ᠪᠠᠷᠢᠯᠳᠤᠳᠠᠭ
ᠪᠠᠷᠰ ᠤ᠋ᠨ ᠶᠡᠬᠡ ᠬᠦᠴᠦ ᠪᠡᠷ
ᠪᠠᠷᠠᠭᠤᠨ ᠬᠦᠩ ᠳ᠋ᠡᠭᠡᠨ ᠲᠡᠷᠢᠭᠦᠯᠡᠵᠦ
ᠠᠷᠰᠯᠠᠨ ᠤ᠋ ᠶᠡᠬᠡ ᠰᠦᠷ ᠢ᠋ᠶ᠋ᠡᠷ
ᠠᠪᠤᠷᠭᠤ ᠴᠣᠯᠠ ᠪᠠᠨ ᠬᠠᠮᠠᠭᠠᠯᠠᠭᠰᠠᠨ ᠢ᠋
ᠠᠷᠠᠳ ᠣᠯᠠᠨ ᠳ᠋ᠠᠭᠠᠨ ᠳᠠᠭᠤᠷᠢᠰᠤᠭᠤᠯᠵᠤ
ᠠᠰᠢᠳᠠ ᠤᠯᠠᠮᠵᠢᠯᠠᠪᠠᠯ ᠵᠦᠢᠲᠡᠢ
ᠠᠷᠪᠠᠨ ᠬᠠᠳᠠᠭ ᠤ᠋ᠨ ᠵᠠᠩᠭᠢᠯᠠᠭᠠᠨ ᠢ᠋
ᠠᠪᠤᠷᠭᠤ ᠭᠠᠷᠭᠠᠨ ᠰᠢᠭᠯᠠᠵᠤ
ᠲᠠᠪᠤᠨ ᠥᠩᠭᠡ ᠶ᠋ᠢᠨ ᠳᠤᠷᠳᠤᠮ ᠢ᠋
ᠲᠠᠩᠨᠠᠢ ᠭᠠᠷᠭᠠᠨ ᠵᠠᠩᠭᠢᠶᠠᠯᠠᠵᠤ
ᠭᠤᠨᠠᠨ ᠠᠷᠠᠰᠤᠨ ᠰᠤᠷ ᠢ᠋
ᠭᠣᠣᠯ ᠴᠢᠮᠥᠭᠡᠯᠡᠨ ᠪᠦᠰᠡᠯᠡᠵᠦ
ᠲᠤᠳᠬᠣᠤ ᠥᠷᠭᠡᠨ ᠭᠤᠶᠠᠪᠴᠢ ᠨᠢ
ᠳᠣᠪᠤᠷᠤᠲᠤ ᠵᠣᠳᠣᠭ ᠲᠠᠭᠠᠨ ᠵᠣᠬᠢᠷᠠᠵᠠᠢ
ᠪᠤᠬᠠᠨ ᠤ᠋ ᠪᠥᠬᠡ ᠰᠢᠷᠢ ᠪᠡᠷ
ᠪᠤᠯᠢᠭᠠᠷᠢ ᠭᠤᠲᠤᠯ ᠬᠢᠵᠦ
ᠥᠯᠮᠡᠢ ᠪᠣᠯᠤᠨ ᠥᠰᠥᠭᠡᠢ ᠶ᠋ᠢ ᠨᠢ
ᠦᠬᠡᠷ ᠦ᠋ᠨ ᠰᠤᠷ ᠢ᠋ᠶ᠋ᠠᠷ ᠨᠣᠭᠲᠣᠯᠠᠵᠠᠢ
ᠵᠣᠳᠣᠭ ᠱᠠᠮᠪᠠ ᠶ᠋ᠢᠨ ᠴᠢᠮᠡᠭ ᠢ᠋ᠶ᠋ᠡᠷ
ᠵᠢᠪᠬᠤᠯᠠᠩᠲᠤ ᠰᠦᠷ ᠪᠠᠳᠠᠷᠠᠭᠤᠯᠤᠭᠰᠠᠨ
ᠠᠷᠰᠯᠠᠨ ᠬᠦᠴᠦᠲᠦ ᠲᠤᠷᠪᠢ ᠴᠢᠨᠢ
ᠠᠯᠳᠠᠷ ᠨᠡᠷ᠎ᠡ ᠶ᠋ᠢ ᠴᠢᠨᠢ ᠱᠤᠭᠤᠨᠠᠮ
ᠭᠠᠷᠤᠳᠢ ᠬᠦᠴᠦᠲᠦ ᠭᠠᠯᠪᠢᠷ ᠴᠢᠨᠢ
ᠭᠠᠪᠢᠶ᠎ᠠ ᠮᠢᠨᠳᠠᠭ ᠢ᠋ ᠴᠢᠨᠢ ᠮᠠᠨᠳᠤᠭᠤᠯᠤᠠᠮ
ᠵᠠᠭᠠᠨ ᠬᠦᠴᠦᠲᠦ ᠵᠣᠯᠪᠣᠭ᠎ᠠ ᠴᠢᠨᠢ
ᠵᠠᠯᠢ ᠬᠡᠢ ᠮᠣᠷᠢ ᠶ᠋ᠢ ᠴᠢᠨᠢ ᠰᠡᠷᠭᠦᠭᠡᠨᠡᠮ
ᠵᠠ ᠣᠸᠮ ᠰᠠᠢᠨ ᠠᠮᠤᠭᠤᠯᠠᠩᠳᠠᠨ ᠪᠣᠯᠲᠤᠭᠠᠢ!
ᠬᠠᠨ ᠮᠤᠨᠠ ᠶ᠋ᠢᠨ ᠰᠢᠳᠢ ᠢᠪᠡᠭᠡᠭ
ᠬᠠᠪᠤᠲᠤ ᠬᠠᠰᠠᠷ ᠤ᠋ᠨ ᠢᠳᠡ ᠣᠷᠣᠰᠢᠭ ᠁ ᠭᠡᠵᠦ ᠡᠩᠬᠦᠷᠡᠢᠯᠡᠨ ᠢᠷᠦᠭᠡᠭᠰᠡᠨ ᠳ᠋ᠦ᠍ ᠠᠭᠤᠯᠠᠨᠭᠦᠦ ᠶ᠋ᠢᠨ ᠨᠢᠳᠦᠨ ᠳ᠋ᠦ᠍ ᠪᠠᠶᠠᠰᠤᠯ ᠤ᠋ᠨ ᠣᠴᠢ ᠭᠢᠯᠠᠯᠵᠠᠨ᠎ᠠ᠃
ᠳᠡᠭᠡᠷ᠎ᠡ ᠨᠠᠢ᠍ᠮᠠ ᠳ᠋ᠤ᠌ ᠰᠢᠯᠭᠠᠷᠠᠭᠰᠠᠨ ᠠᠯᠲᠠ ᠮᠥᠩᠭᠥᠨ ᠲᠣᠪᠣᠷᠤᠤ ᠲᠠᠢ ᠠᠷᠰᠯᠠᠨ ᠪᠠᠷᠰ ᠰᠢᠭ᠋ ᠪᠥᠬᠡᠴᠦᠳ ᠣᠯᠠᠨ ᠤ᠋ ᠬᠠᠢᠷ᠎ᠠ ᠪᠢᠰᠢᠷᠡᠯ ᠦ᠋ᠨ ᠬᠠᠷᠠᠴᠠᠨ ᠳ᠋ᠤ᠌ ᠢᠪᠡᠭᠡᠭᠳᠡᠵᠦ ᠬᠦᠷᠡᠯ ᠮᠠᠬᠠᠪᠣᠳ ᠨᠢ ᠤᠯᠠᠮ ᠴᠤ᠌ ᠰᠦᠷᠲᠡᠢ ᠬᠠᠷᠠᠭᠳᠠᠨ᠎ᠠ᠃
ᠱᠠᠩ ᠤ᠋ᠨ ᠬᠡᠰᠢᠭ ᠭᠡᠵᠦ ᠢᠪᠡᠭᠡᠭᠳᠡᠭᠰᠡᠨ ᠵᠢᠷᠣᠭ᠎ᠠ ᠬᠠᠯᠢᠭᠤᠨ ᠤ᠋ ᠴᠤᠯᠪᠤᠭᠤᠷ ᠢ᠋ ᠪᠠᠷᠢᠵᠤ ᠵᠣᠭᠰᠣᠭᠰᠠᠨ ᠠᠭᠤᠯᠠᠡᠭᠦᠦ ᠶ᠋ᠢ ᠨᠠᠭᠠᠳᠤᠮᠴᠢᠳ ᠰᠢᠬᠠᠨ ᠬᠦᠷᠢᠶᠡᠯᠡᠵᠦ ᠵᠢᠪᠠᠷ ᠨᠡᠪᠲᠡᠷᠡᠮ᠎ᠡ ᠦᠭᠡᠢ ᠪᠣᠯᠭᠠᠪᠠ᠃
ᠪᠣᠮᠠᠨ ᠠᠮᠢᠲᠠᠨ ᠪᠤᠵᠢᠭᠢᠨᠠᠯᠳᠤᠭᠰᠠᠨ ᠨᠠᠭᠠᠳᠤᠮᠴᠢᠳ ᠤ᠋ᠨ ᠳᠤᠮᠳᠠ ᠠ᠋ᠴᠠ ᠮᠠᠨᠤᠬᠤᠸᠠᠷ ᠤ᠋ᠨ ᠰᠡᠳᠬᠢᠯ ᠣᠪᠣᠯᠵᠠᠵᠤ ᠠᠭᠤᠯᠠᠨᠭᠦᠤ ᠶ᠋ᠢᠨ ᠵᠢᠪᠬᠤᠭᠠᠲᠤ ᠴᠢᠷᠠᠢ ᠶ᠋ᠢ ᠰᠢᠷᠳᠡᠵᠦ ᠵᠣᠭᠰᠣᠬᠤ ᠳ᠋ᠠᠭᠠᠨ 《ᠮᠤᠨᠠ ᠬᠠᠨ ᠲᠡᠭᠷᠢ ᠮᠢᠨᠢ᠂ ᠨᠠᠮᠠᠶ᠋ᠢ ᠡᠨᠡ ᠬᠠᠷ᠎ᠠ ᠬᠦᠦ ᠶ᠋ᠢᠨ ᠡᠯᠢᠭᠡᠨ ᠳ᠋ᠦ᠍ ᠲᠡᠪᠡᠷᠢᠭᠦᠯᠬᠦ ᠪᠣᠯᠲᠤᠭᠠᠢ》 ᠭᠡᠵᠦ ᠨᠠᠮᠠᠨᠴᠢᠯᠠᠬᠤ ᠳ᠋ᠠᠭᠠᠨ ᠬᠠᠴᠠᠷ ᠨᠢ ᠤᠯᠠᠢᠪᠠ᠃
ᠡᠨᠡ ᠵᠠᠭᠤᠷ᠎ᠠ ᠵᠤᠳᠪᠠ ᠮᠡᠢᠷᠡᠨ ᠣᠯᠠᠨ ᠤ᠋ ᠡᠮᠦᠨ᠎ᠡ ᠭᠠᠷᠴᠤ᠄
ᠤᠸᠮ ᠰᠠᠢᠨ ᠠᠮᠤᠭᠤᠯᠠᠩᠳᠠᠨ ᠪᠣᠯᠲᠤᠭᠠᠢ
ᠠᠷᠠᠳ ᠣᠯᠠᠨ ᠪᠦᠭᠦᠳᠡᠭᠡᠷ ᠢ᠋ᠶ᠋ᠡᠨ
ᠠᠦᠬᠠ ᠴᠡᠩᠭᠡᠯᠲᠦ ᠨᠠᠭᠠᠳᠤᠮ ᠴᠢᠭᠤᠯᠵᠤ ᠁
ᠠᠯᠳᠠᠨᠸᠴᠢᠷ ᠪᠠᠭ᠎ᠠ ᠵᠠᠰᠠᠭ ᠬᠦᠩ ᠨᠣᠶᠠᠨᠲᠠᠨ ᠲᠦᠷᠦᠭᠦᠯᠡᠨ
ᠠᠯᠲᠠᠨ ᠲᠠᠮᠠᠭᠠᠨ ᠤ᠋ ᠲᠤᠰᠠᠯᠠᠭᠴᠢ ᠰᠠᠢᠳ ᠳᠠᠷᠠᠭᠠᠯᠠᠨ
ᠠᠮᠪᠠᠰ ᠣᠯᠠᠨ ᠨᠣᠶᠠᠳ ᠲᠦᠰᠢᠮᠡᠳ ᠳᠠᠭᠠᠯᠳᠤᠨ
ᠠᠯᠳᠠᠷ ᠬᠦᠨᠳᠦᠲᠦ ᠭᠡᠭᠡᠨ ᠬᠤᠪᠢᠯᠭᠠᠨ ᠯᠠᠮᠠ ᠨᠠᠷ ᠲᠠᠨ
ᠡᠷᠬᠢᠮᠰᠦᠭ ᠬᠡᠭᠡᠨᠴᠢᠷ ᠡᠷᠬᠡ ᠵᠢᠷᠭᠠᠯᠲᠤ ᠬᠠᠲᠤᠳ ᠠᠪᠠᠭᠠᠢ
ᠡᠩᠬᠦᠷᠡᠢ ᠠᠷᠳᠠᠭ ᠡᠬᠡ ᠠᠪᠠᠬᠠᠢ ᠭᠦᠩᠵᠦ ᠨᠠᠷ ᠲᠠᠨ
ᠬᠠᠩᠬᠠᠢ ᠠᠭᠤᠵᠢᠭᠤ ᠳᠥᠷᠪᠡᠨ ᠵᠦᠭ ᠨᠠᠢ᠍ᠮᠠᠨ ᠵᠣᠪᠬᠢᠰ ᠤ᠋ᠨ
ᠬᠠᠮᠤᠭ ᠣᠯᠠᠨ ᠠᠷᠠᠳ ᠬᠤᠶᠠᠭ ᠪᠦᠭᠦᠳᠡᠭᠡᠷ ᠬᠤᠷᠠᠨ ᠴᠤᠭᠯᠠᠷᠠᠵᠤ
ᠠᠯᠲᠠᠨ ᠨᠠᠮᠰᠠᠷᠠᠢ ᠠᠢᠮᠠᠭ ᠶᠢᠰᠦᠨ ᠲᠡᠭᠷᠢ ᠪᠡᠨ ᠳᠠᠬᠢᠵᠤ
ᠠᠷᠪᠠᠨ ᠵᠦᠭ ᠲᠦ᠍ᠷ ᠪᠤᠶᠠᠨ ᠬᠡᠰᠢᠭ ᠢ᠋ᠶ᠋ᠡᠨ ᠳᠠᠯᠠᠯᠵᠤ
ᠬᠣᠩᠭᠤᠷ ᠴᠠᠰᠤᠲᠤ ᠮᠤᠨᠠ ᠶ᠋ᠢᠨ ᠰᠢᠷ᠎ᠠ ᠣᠷᠣᠢ ᠳ᠋ᠠᠭᠠᠨ ᠮᠥᠷᠭᠥᠨ
ᠬᠣᠰᠢᠭᠤ ᠣᠩᠭᠣᠨ ᠣᠪᠣᠭ᠎ᠠ ᠪᠠᠨ ᠠᠷᠭᠠᠳᠠᠨ ᠳᠠᠬᠢᠵᠤ
ᠬᠣᠯᠠ ᠮᠣᠷᠢᠲᠠᠢ ᠮᠤᠨᠠ ᠬᠠᠨ ᠢ᠋ᠶ᠋ᠠᠷ ᠬᠡᠢ ᠮᠣᠷᠢ ᠪᠠᠨ ᠮᠢᠯᠢᠶᠠᠯᠭᠠᠵᠤ
ᠬᠣᠲᠠᠯᠠ ᠳᠠᠶᠠᠭᠠᠷ ᠤ᠋ᠨ ᠢ᠋ᠶ᠋ᠠᠨ ᠥᠯᠵᠡᠢ ᠬᠡᠰᠢᠭ ᠢ᠋
ᠬᠤᠷ᠎ᠠ ᠶ᠋ᠢᠨ ᠤᠰᠤ ᠮᠡᠲᠦ ᠡᠯᠪᠡᠭ ᠶᠡᠬᠡ ᠬᠤᠷᠣᠢᠯᠠᠨ
ᠬᠤᠲᠤᠭ ᠥᠯᠵᠡᠢ ᠶ᠋ᠢ ᠮᠥᠩᠬᠡ ᠣᠷᠣᠰᠢᠭᠤᠯᠤᠨ ᠲᠣᠭᠲᠠᠭᠠᠭᠰᠠᠨ
ᠬᠣᠰᠢᠭᠤ ᠨᠡᠢᠳᠡ ᠪᠠᠶᠠᠷ ᠴᠡᠩᠭᠡᠯ ᠦ᠋ᠨ ᠡᠨᠡ ᠶᠡᠬᠡ ᠨᠠᠢᠷ ᠲᠤ᠌
ᠠᠭᠤᠵᠢᠮ ᠲᠡᠷᠭᠡᠯ ᠰᠠᠷᠠᠭᠤᠯᠬᠠᠨ ᠨᠣᠭᠣᠭᠠᠨ ᠳᠡᠨᠵᠢᠨ ᠳᠡᠭᠡᠷ᠎ᠡ
ᠠᠰᠠᠷ ᠮᠡᠲᠦ ᠥᠨᠳᠥᠷᠬᠡᠨ ᠡᠭᠦᠯᠡᠨ ᠭᠡᠷ ᠢ᠋ᠶ᠋ᠡᠨ ᠪᠠᠢᠭᠤᠯᠵᠤ
ᠠᠰ ᠭᠣᠣᠯ ᠳ᠋ᠤᠨᠢ ᠴᠣᠭᠴᠠᠯᠠᠭᠰᠠᠨ ᠲᠠᠭᠲᠤ ᠲᠠᠪᠴᠠᠩ ᠤ᠋ᠨ
ᠠᠯᠲᠠᠨ ᠯᠤᠤᠲᠤ ᠥᠷᠭᠡᠨ ᠶᠡᠬᠡ ᠰᠢᠷᠡᠭᠡᠨ ᠳᠡᠭᠡᠷ᠎ᠡ
ᠠᠯᠳᠠᠷ ᠬᠦᠨᠳᠦᠲᠦ ᠨᠣᠶᠠᠳ ᠭᠡᠭᠡᠨ ᠯᠠᠮᠠᠲᠠᠳ ᠢ᠋ᠶ᠋ᠠᠨ ᠰᠠᠭᠠᠲᠠᠭᠤᠯᠵᠤ
ᠠᠢᠮᠠᠭ ᠴᠠᠭᠠᠨ ᠭᠡᠭᠦᠦ ᠶ᠋ᠢᠨ ᠰᠢᠮ᠎ᠡ ᠪᠡᠷ ᠢᠰᠬᠡᠨ ᠪᠦᠲᠦᠭᠡᠭᠰᠡᠨ
ᠠᠷᠢᠭᠤᠨ ᠴᠠᠭᠠᠨ ᠤᠮᠳᠠᠭᠠᠨ ᠠᠢᠷᠠᠭ ᠴᠡᠭᠡ ᠶ᠋ᠢᠨ ᠳᠡᠭᠡᠵᠢ ᠶ᠋ᠢ
ᠠᠯᠲᠠ ᠮᠥᠩᠭᠥᠨ ᠴᠥᠭᠦᠴᠡᠨ ᠳ᠋ᠦ᠍ ᠮᠠᠯᠮᠠᠩ ᠳᠦᠭᠦᠷᠡᠩ ᠵᠠᠰᠠᠭᠠᠳ
ᠠᠯᠲᠠᠨ ᠮᠣᠳᠣᠷ ᠤ᠋ᠨ ᠲᠥᠪ ᠳᠤᠮᠳᠠ ᠬᠢᠴᠢᠶᠡᠩᠭᠦᠢᠯᠡᠨ ᠡᠷᠭᠦᠵᠦ
ᠲᠦᠮᠡᠨ ᠣᠯᠠᠨ ᠪᠦᠭᠦᠳᠡᠭᠡᠷ ᠦ᠋ᠨ ᠲᠡᠭ ᠳᠤᠮᠳᠠ ᠨᠢ
ᠲᠦᠪᠰᠢᠨ ᠪᠠᠶᠠᠷ ᠤ᠋ᠨ ᠬᠤᠨᠳᠠᠭ᠎ᠠ ᠶ᠋ᠢ ᠮᠡᠯᠮᠡᠯᠵᠡᠭᠦᠯᠦᠨ ᠪᠠᠷᠢᠵᠤ
ᠠᠮᠠᠨ ᠤ᠋ ᠪᠡᠯᠭᠡ ᠲᠡᠢ ᠦᠭᠡᠰ ᠢ᠋ ᠤᠷᠤᠰᠤᠭᠤᠯᠤᠨ ᠤᠩᠰᠢᠵᠤ
ᠠᠰᠢᠳᠠ ᠶ᠋ᠢᠨ ᠵᠢᠷᠭᠠᠯ ᠲᠠᠢ ᠢᠷᠦᠭᠡᠯ ᠢ᠋ ᠠᠢᠯᠠᠳᠬᠠᠨ ᠤᠶᠠᠩᠭᠠᠯᠠᠵᠤ
ᠠᠷᠰᠯᠠᠨ ᠵᠠᠭᠠᠨ ᠮᠡᠲᠦ ᠬᠦᠴᠦᠲᠦ ᠪᠥᠬᠡᠴᠦᠳ ᠢ᠋ᠶ᠋ᠡᠨ ᠪᠠᠷᠢᠯᠳᠤᠭᠤᠯᠵᠤ
ᠠᠵᠢᠨᠠᠢ ᠬᠦᠯᠦᠭ ᠡᠷᠳᠡᠨᠢᠲᠦ ᠰᠦᠷᠦᠭ ᠦ᠋ᠨ ᠮᠠᠩᠯᠠᠢ ᠪᠣᠯᠤᠭᠰᠠᠨ
ᠠᠳᠤᠭᠤᠨ ᠰᠦᠷᠦᠭ ᠡᠴᠡ ᠪᠡᠨ ᠬᠤᠷᠳᠤᠨ ᠮᠣᠷᠢᠳ ᠢ᠋ ᠰᠢᠯᠢᠵᠦ
ᠠᠯᠤᠰ ᠬᠣᠯᠠ ᠭᠠᠵᠠᠷ ᠠ᠋ᠴᠠ ᠱᠤᠩᠭᠤᠨ ᠣᠷᠣᠯᠳᠣᠭᠤᠯᠤᠭᠰᠠᠨ ᠳ᠋ᠤ᠌
ᠠᠩᠬ᠎ᠠ ᠲᠦᠷᠦᠭᠦᠨ ᠳ᠋ᠦ᠍ᠨᠢ ᠳᠠᠪᠬᠢᠵᠤ ᠢᠷᠡᠭᠰᠡᠨ ᠡᠨᠡ ᠮᠣᠷᠢ ᠪᠣᠯ᠄
ᠴᠢᠨᠣ᠎ᠠ ᠶ᠋ᠢᠨ ᠬᠣᠶᠠᠷ ᠴᠢᠬᠢ ᠲᠡᠢ
ᠴᠣᠯᠮᠤᠨ ᠬᠣᠣᠰ ᠨᠢᠳᠦ ᠲᠡᠢ
ᠬᠠᠰ ᠡᠷᠳᠡᠨᠢ ᠶ᠋ᠢᠨ ᠲᠣᠯᠣᠭᠠᠢ ᠲᠠᠢ
ᠬᠠᠨᠠᠭᠠᠷ ᠰᠠᠢᠬᠠᠨ ᠬᠦᠵᠦᠭᠦᠦ ᠲᠡᠢ
ᠬᠢᠩᠭᠠᠨ ᠥᠨᠳᠥᠷ ᠴᠡᠭᠡᠵᠢ ᠲᠡᠢ
ᠬᠢᠷᠭᠠᠮᠠᠯ ᠲᠡᠭᠰᠢᠬᠡᠨ ᠳᠡᠯ ᠲᠡᠢ
ᠥᠷᠭᠡᠨ ᠰᠠᠢᠬᠠᠨ ᠡᠭᠡᠮ ᠲᠡᠢ
ᠤᠷᠲᠤ ᠰᠠᠢᠬᠠᠨ ᠵᠣ᠌ ᠲᠠᠢ
ᠠᠭᠤᠵᠢᠮ ᠰᠠᠢᠬᠠᠨ ᠲᠠᠰᠢᠶ᠎ᠠ ᠲᠠᠢ
ᠲᠤᠭ ᠰᠠᠢᠬᠠᠨ ᠰᠡᠭᠦᠯ ᠲᠡᠢ
ᠲᠤᠷᠤᠭ ᠰᠠᠢᠬᠠᠨ ᠪᠡᠶ᠎ᠡ ᠲᠡᠢ
ᠵᠠᠭᠠᠨ ᠤ᠋ ᠯᠠᠪᠠᠢ ᠰᠢᠳᠦ ᠲᠡᠢ
ᠽᠠᠨᠳᠠᠨ ᠬᠦᠷᠡᠩ ᠬᠡᠯᠡ ᠲᠡᠢ
ᠴᠣᠮᠪᠣᠩ ᠳᠥᠷᠪᠡᠨ ᠲᠤᠭᠤᠷᠠᠢ ᠲᠠᠢ
ᠴᠣᠩᠬᠢᠶᠠ ᠬᠠᠷ᠎ᠠ ᠠᠯᠬᠤᠭ᠎ᠠ ᠲᠠᠢ
ᠥᠭᠡᠳᠡᠩ ᠭᠢᠯᠠᠭᠠᠷ ᠦᠰᠦ ᠲᠡᠢ
ᠥᠨᠢᠷ ᠰᠦᠷᠦᠭ ᠦ᠋ᠨ ᠮᠠᠩᠯᠠᠢ ᠪᠣᠯᠤᠭᠰᠠᠨ
ᠥᠨᠳᠥᠷ ᠬᠥᠯᠥᠭ ᠮᠣᠷᠢ ᠭᠡᠨ᠎ᠡ᠃
ᠵᠠ᠂ ᠡᠨᠡ ᠮᠣᠷᠢᠨ ᠤ ᠵᠠᠰᠠᠯ ᠴᠢᠮᠡᠭ ᠢ ᠬᠡᠯᠡᠪᠡᠯ᠄
ᠲᠣᠯᠢ ᠮᠥᠩᠭᠥᠨ ᠬᠠᠵᠠᠭᠠᠷ ᠢ᠋
ᠲᠣᠯᠣᠭᠠᠢ ᠳ᠋ᠤᠨᠢ ᠳᠣᠬᠢᠶᠠᠭᠰᠠᠨ
ᠲᠣᠪᠣᠷᠤᠤ ᠮᠥᠩᠭᠥᠨ ᠬᠤᠳᠠᠷᠭ᠎ᠠ ᠶ᠋ᠢ
ᠬᠣᠨᠳᠣᠯᠠᠢ ᠳ᠋ᠤᠨᠢ ᠲᠣᠬᠢᠶᠠᠭᠰᠠᠨ
ᠽᠠᠨᠳᠠᠨ ᠮᠣᠳᠣᠨ ᠪᠦᠭᠦᠷᠭᠡ ᠲᠡᠢ
ᠰᠢᠨᠳᠠᠨ ᠮᠣᠳᠣᠨ ᠬᠠᠪᠲᠠᠰᠤ ᠲᠠᠢ
ᠨᠠᠷᠠᠨ ᠰᠠᠷᠠᠨ ᠭᠡᠷᠡᠯ ᠲᠡᠢ
ᠨᠠᠢ᠍ᠮᠠᠨ ᠮᠥᠩᠭᠥᠨ ᠳᠠᠷᠤᠭᠤᠯᠭ᠎ᠠ ᠲᠠᠢ
ᠰᠢᠵᠢᠷ ᠠᠯᠲᠠᠨ ᠳᠥᠷᠥᠭᠡ ᠲᠡᠢ
ᠰᠢᠨ᠎ᠡ ᠰᠠᠩᠬᠠᠶᠤᠤ ᠭᠥᠯᠢᠮ ᠲᠡᠢ
ᠰᠢᠨᠵᠢᠨ ᠢᠰᠡᠭᠡᠢ ᠲᠣᠬᠣᠮ ᠲᠠᠢ
ᠤᠷᠲᠤ ᠬᠣᠶᠠᠷ ᠣᠯᠣᠩ ᠲᠠᠢ
ᠥᠷᠭᠡᠨ ᠬᠣᠶᠠᠷ ᠵᠢᠷᠢᠮ ᠲᠡᠢ
ᠵᠠᠰᠠᠯ ᠰᠠᠢᠲᠠᠢ ᠡᠮᠡᠭᠡᠯ ᠢ᠋
ᠵᠣ᠌ ᠨᠢᠷᠤᠭᠤᠨ ᠳ᠋ᠤᠨᠢ ᠲᠣᠬᠢᠶᠠᠵᠠᠢ᠃
ᠨᠣᠭᠣᠭᠠᠨ ᠤᠯᠠᠭᠠᠨ ᠳᠤᠷᠳᠤᠩ ᠢ᠋ᠶ᠋ᠠᠷ
ᠨᠣᠭᠲᠣ ᠬᠠᠵᠠᠭᠠᠷ ᠢ᠋ ᠨᠢ ᠴᠢᠮᠡᠭᠯᠡᠵᠡᠢ
ᠴᠡᠩᠬᠡᠷ ᠰᠢᠷ᠎ᠠ ᠳᠤᠷᠳᠤᠩ ᠢ᠋ᠶ᠋ᠠᠷ
ᠴᠤᠯᠪᠤᠭᠤᠷ ᠵᠢᠯᠣᠭᠣ ᠶ᠋ᠢ ᠨᠢ ᠴᠢᠮᠡᠭᠯᠡᠵᠡᠢ
ᠬᠠᠳᠬᠤᠮᠠᠯ ᠴᠡᠴᠡᠭ ᠲᠡᠢ ᠰᠠᠩᠱᠠᠢᠪᠴᠢ ᠶ᠋ᠢ
ᠮᠠᠩᠨᠠᠢ ᠳᠠᠷᠤᠨ ᠴᠢᠮᠡᠭᠯᠡᠵᠡᠢ
ᠬᠠᠩᠬ᠎ᠠ ᠳᠤᠷᠳᠤᠩ ᠠᠯᠴᠢᠭᠤᠷ ᠢ᠋ᠶ᠋ᠠᠷ
ᠰᠡᠭᠦᠯ ᠢ᠋ ᠨᠢ ᠵᠠᠰᠠᠨ ᠴᠢᠮᠡᠭᠯᠡᠵᠡᠢ᠃
ᠡᠨᠡ ᠮᠣᠷᠢᠨ ᠤ᠋ ᠡᠷᠳᠡᠮ ᠴᠢᠳᠠᠯ ᠪᠣᠯ᠄
ᠤᠨᠠᠭᠠᠨ ᠠ᠋ᠴᠠ ᠨᠢ ᠰᠢᠨᠵᠢᠭᠰᠡᠨ ᠡᠴᠡ
ᠳᠠᠭ᠎ᠠ ᠠ᠋ᠴᠠ ᠨᠢ ᠳᠠᠪᠲᠠᠭᠰᠠᠨ ᠠ᠋ᠴᠠ
ᠬᠢᠵᠠᠭᠠᠯᠠᠩ ᠳ᠋ᠤᠨᠢ ᠬᠢᠨᠠᠭᠰᠠᠨ ᠠ᠋ᠴᠠ
ᠰᠣᠶᠣᠭᠠᠯᠠᠩ ᠳ᠋ᠤᠨᠢ ᠰᠣᠢᠭᠰᠠᠨ ᠠ᠋ᠴᠠ
ᠬᠠᠵᠠᠭᠠᠷ ᠢ᠋ᠶ᠋ᠠᠨ ᠬᠠᠪᠢᠷᠤᠨ ᠭᠦᠶᠦᠳᠡᠭ
ᠬᠠᠪᠢ ᠶ᠋ᠢᠨ ᠭᠠᠵᠠᠷ ᠢ᠋ ᠲᠣᠪᠴᠢᠯᠠᠨ ᠭᠦᠶᠦᠳᠡᠭ
ᠵᠤᠤᠵᠠᠢ ᠪᠠᠨ ᠵᠤᠯᠠᠷᠠᠨ ᠭᠦᠶᠦᠳᠡᠭ
ᠵᠠᠭᠤᠷ᠎ᠠ ᠶ᠋ᠢᠨ ᠭᠠᠵᠠᠷ ᠢ᠋ ᠲᠣᠪᠴᠢᠯᠠᠨ ᠭᠦᠶᠦᠳᠡᠭ
ᠮᠢᠩᠭᠠᠨ ᠠᠭᠲᠠ ᠶ᠋ᠢᠨ ᠳᠤᠮᠲᠠ ᠠ᠋ᠴᠠ ᠮᠠᠩᠯᠠᠢᠯᠠᠨ ᠭᠦᠶᠦᠳᠡᠭ
ᠲᠦᠮᠡᠨ ᠬᠦᠯᠦᠭ ᠦ᠋ᠨ ᠳᠣᠲᠣᠷ᠎ᠠ ᠠ᠋ᠴᠠ ᠲᠦᠷᠦᠭᠦᠯᠡᠨ ᠭᠦᠶᠦᠳᠡᠭ
ᠮᠢᠨᠳᠠᠰᠤᠨ ᠵᠢᠯᠣᠭᠣ ᠶ᠋ᠢ ᠳᠠᠷᠤᠯᠠᠨ ᠭᠦᠶᠦᠳᠡᠭ
ᠲᠡᠮᠦᠷ ᠵᠤᠤᠵᠠᠢ ᠵᠢ ᠳᠤᠭᠲᠤᠷᠤᠨ ᠭᠦᠶᠦᠳᠡᠭ
ᠠᠰᠬᠠᠲᠣ ᠠᠭᠤᠯᠠ ᠶᠢ ᠬᠢᠷᠠᠯᠠᠨ ᠬᠦᠶᠦᠳᠡᠭ
ᠠᠩᠭᠢᠷ ᠴᠠᠭᠠᠨ ᠬᠥᠭᠡᠰᠦ ᠪᠡᠨ ᠪᠠᠭᠠᠬᠢᠭᠤᠯᠤᠨ ᠬᠦᠶᠦᠳᠡᠭ
ᠠᠰᠤᠷᠤ ᠶᠡᠬᠡ ᠴᠢᠳᠠᠯ ᠢ᠋ᠶ᠋ᠠᠷ ᠪᠤᠯᠢᠶᠠᠯᠳᠤᠨ ᠭᠦᠶᠦᠳᠡᠭ
ᠪᠥᠮᠪᠥᠷᠢᠭᠡᠨ ᠴᠢᠯᠠᠭᠤᠨ ᠳ᠋ᠤ᠌ ᠪᠦᠳᠦᠷᠢᠬᠦ ᠦᠭᠡᠢ ᠭᠦᠶᠦᠳᠡᠭ
ᠬᠠᠪᠲᠠᠭᠠᠢ ᠴᠢᠯᠠᠭᠤᠨ ᠳ᠋ᠤ᠌ ᠬᠠᠯᠲᠤᠷᠢᠬᠤ ᠦᠭᠡᠢ ᠭᠦᠶᠦᠳᠡᠭ
ᠬᠠᠩᠭᠠᠢ ᠭᠣᠪᠢ ᠪᠠᠷ ᠬᠤᠯᠠᠨ ᠰᠢᠭ᠋ ᠭᠦᠶᠦᠳᠡᠭ
ᠬᠠᠷᠠᠩᠭᠤᠢ ᠰᠥᠨᠢ ᠪᠡᠷ ᠭᠢᠯᠪᠠᠭᠠᠨ ᠰᠢᠭ᠋ ᠭᠦᠶᠦᠳᠡᠭ ᠁
ᠵᠠ ! ᠡᠨᠡ ᠬᠦ᠌
ᠰᠠᠢᠨ ᠡᠷ᠎ᠡ ᠶ᠋ᠢᠨ ᠰᠤᠮᠤ ᠰᠢᠭ᠋ ᠲᠦᠷᠭᠡᠨ
ᠰᠠᠷᠠᠭᠤᠯ ᠲᠠᠯ᠎ᠠ ᠶ᠋ᠢᠨ ᠰᠠᠯᠬᠢ ᠰᠢᠭ᠋ ᠬᠤᠷᠳᠤᠨ
ᠮᠢᠩᠭᠠᠨ ᠠᠭᠲᠠ ᠶ᠋ᠢᠨ ᠮᠠᠩᠯᠠᠢ ᠪᠣᠯᠤᠭᠰᠠᠨ
ᠮᠠᠨ ᠤ᠋ ᠨᠠᠢᠷ ᠤ᠋ᠨ ᠴᠢᠮᠡᠭ ᠪᠣᠯᠤᠭᠰᠠᠨ
ᠲᠦᠮᠡᠨ ᠮᠠᠭᠲᠠ ᠶ᠋ᠢᠨ ᠲᠡᠷᠢᠭᠦᠨ ᠪᠣᠯᠤᠭᠰᠠᠨ
ᠲᠡᠭᠦᠰ ᠨᠠᠢᠷ ᠤ᠋ᠨ ᠴᠢᠮᠡᠭ ᠪᠣᠯᠤᠭᠰᠠᠨ
ᠶᠡᠷᠡ ᠶᠢᠰᠦᠨ ᠬᠦᠯᠦᠭ ᠦ᠋ᠨ ᠬᠢᠨᠢ ᠡᠬᠡ ᠪᠣᠯᠣᠭᠰᠠᠨ
ᠢᠷᠪᠢᠰ ᠦ᠋ᠨ ᠴᠣᠬᠣᠷ ᠭᠡᠭᠦᠦ ᠡᠴᠡ ᠨᠢ ᠭᠠᠷᠤᠭᠰᠠᠨ
ᠤᠨᠠᠭ᠎ᠠ ᠪᠠᠢᠵᠢ ᠪᠢᠯᠡ ᠁ ᠭᠡᠵᠦ ᠲᠡᠷᠢᠭᠦᠨ ᠮᠣᠷᠢ ᠶ᠋ᠢ ᠮᠢᠯᠢᠶᠠᠨ ᠢᠷᠦᠭᠡᠬᠦ ᠤᠶᠠᠩᠭ᠎ᠠ ᠠᠢᠵᠠᠮ ᠬᠣᠰᠢᠭᠤ ᠣᠪᠣᠭᠠᠨ ᠤ᠋ ᠨᠠᠭᠠᠳᠤᠮ ᠥᠨᠳᠥᠷᠯᠡᠵᠦ ᠪᠠᠢᠯ᠎ᠠ ᠁
— — — —
① ᠠᠳᠠ ᠪᠠᠭ᠎ᠠ ᠵᠠᠰᠠᠭ ᠠᠯᠲᠠᠨᠸᠴᠢᠷ ᠢ᠋ ᠵᠢᠭᠠᠵᠤ ᠪᠣᠢ᠃
ᠦᠰᠦᠭ ᠠᠮᠢᠯᠠᠭᠤᠯᠤᠭᠰᠠᠨ ᠨᠢ᠄ ᠲᠤᠭᠴᠢ ᠰᠠᠷᠠᠨ᠎ᠠ
