ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠨᠠᠢ᠍ᠮᠠ> Хан мунын сүүрс < доорд > – Мөнх зохиоов ᠂Дөдгөөр бодь – Нэгдүгээр бүлэг <8>
ᠲᠦᠲᠦᠭᠡᠷ ᠪᠣᠲᠢ – ᠨᠢᠭᠡᠳᠦᠭᠡᠷ ᠪᠦᠯᠦᠭ <ᠨᠠᠢ᠍ᠮᠠ>
ᠬᠣᠰᠢᠭᠤ ᠣᠪᠣᠭᠠᠨ ᠤ᠋ ᠪᠠᠷᠠᠭᠤᠨ ᠵᠣ ᠠ᠋ᠴᠠ ᠤᠯᠠᠭᠠᠨ ᠲᠣᠭᠣᠰᠣ ᠬᠤᠢᠯᠠᠷᠠᠵᠤ ᠠᠯᠤᠰ ᠠ᠋ᠴᠠ ᠪᠢᠵᠢᠭᠢᠨᠡᠬᠦ ᠮᠣᠷᠢᠳ ᠤ᠋ᠨ ᠲᠤᠭᠤᠷᠠᠢ ᠪᠥᠮᠪᠥᠷᠴᠡᠭ ᠦ᠋ᠨ ᠵᠤᠯᠠᠢ ᠶ᠋ᠢ ᠳᠡᠯᠡᠳᠦᠭᠰᠡᠭᠡᠷ ᠠᠢᠰᠤᠢ!
— ᠢᠷᠡᠯ᠎ᠡ᠂ ᠢᠷᠡᠯ᠎ᠡ ᠠ᠋! ᠮᠣᠷᠢᠳ ᠢᠷᠡᠯ᠎ᠡ᠁ ᠭᠡᠵᠦ ᠬᠠᠰᠬᠢᠷᠤᠯᠳᠤᠬᠤ ᠳ᠋ᠤ᠌ ᠬᠥᠮᠦᠨ ᠦ᠌ ᠦᠶᠡᠷ ᠦ᠋ᠨ ᠤᠷᠤᠰᠬᠠᠯ ᠰᠤᠨᠤᠯᠵᠠᠬᠤ ᠲᠣᠭᠣᠰᠣᠨ ᠤ᠋ ᠪᠠᠷ᠎ᠠ ᠪᠠᠷ ᠳᠠᠪᠠᠯᠭᠠᠯᠠᠨ᠎ᠠ᠃ ᠬᠠᠰᠢᠯᠭ᠎ᠠ ᠶ᠋ᠢᠨ ᠮᠣᠷᠢᠳᠠᠳ ᠬᠥᠮᠦᠰ ᠦ᠋ᠨ ᠶᠡᠭᠦᠷᠡᠬᠦ ᠵᠢᠭᠰᠠᠭᠠᠯ ᠢ᠋ ᠲᠢᠭᠯᠡᠨ ᠳᠠᠪᠬᠢᠵᠤ ᠡᠯ᠎ᠡ ᠰᠤᠮᠤ ᠵᠠᠩᠭᠢ᠂ ᠵᠢᠰᠠ ᠰᠠᠩ ᠤ᠋ᠨ ᠬᠢᠨ ᠦ᠌ ᠬᠠᠵᠠᠭᠤ ᠠ᠋ᠴᠠ《ᠤᠤᠬᠠᠢ᠂ ᠲᠦᠷᠭᠡᠯᠡ! ᠰᠠᠭᠠᠷᠠᠯ ᠮᠣᠷᠢ ᠳᠠᠪᠠᠯ᠎ᠠ ᠠ᠋!᠁》 ᠭᠡᠵᠦ ᠤᠤᠬᠠᠢᠯᠠᠨ ᠬᠠᠰᠬᠢᠷᠴᠤ ᠳᠡᠮᠡᠢ ᠯᠡ ᠵᠢᠯᠣᠭᠣ ᠲᠣᠭᠲᠠᠷᠤᠨ ᠤᠷᠤᠯᠳᠤᠭᠠᠨ ᠤ᠋ ᠵᠠᠭᠠᠭ ᠱᠤᠭᠤᠮ ᠤ᠋ᠨ ᠡᠮᠵᠢᠶᠡᠷᠢ ᠪᠡᠷ ᠳᠠᠪᠬᠢᠯᠳᠤᠭᠰᠠᠨ ᠮᠣᠷᠢᠳᠡᠳ ᠢ᠋ ᠬᠠᠰᠢᠵᠤ ᠪᠤᠵᠢᠭᠢᠨᠠᠯᠳᠤᠨ᠎ᠠ᠁
ᠬᠠᠶᠠ ᠮᠣᠷᠢᠨ ᠳ᠋ᠤ᠌ ᠬᠣᠷᠣᠬᠠᠢ ᠲᠠᠢ ᠬᠠᠵᠠᠭᠤ ᠶ᠋ᠢᠨ ᠨᠣᠷᠭᠢᠯᠳᠤᠭᠰᠠᠨ ᠬᠥᠮᠦᠰ ᠬᠠᠰᠢᠯᠭ᠎ᠠ ᠶ᠋ᠢᠨ ᠬᠥᠮᠦᠨ ᠢ᠋ ᠰᠡᠯᠳᠡᠭᠦᠯᠵᠦ ᠣᠷᠣᠭᠠᠳ ᠠᠯᠢ ᠨᠢᠭᠡ ᠶ᠋ᠢ ᠨᠢ ᠤᠷᠤᠯᠳᠤᠭᠠᠨ ᠤ᠋ ᠮᠣᠷᠢᠳ ᠤ᠋ᠨ ᠡᠴᠦᠰ ᠦ᠋ᠨ ᠲᠠᠮᠢᠷ ᠢ᠋ ᠰᠢᠪᠬᠠᠬᠤ ᠭᠡᠵᠦ ᠲᠡᠮᠡᠦᠯᠦᠨ᠎ᠡ᠃
ᠵᠤᠷᠪᠤᠰ ᠴᠠᠭᠠᠨ ᠲᠣᠭᠣᠰᠣ ᠠ᠋ᠴᠠ ᠰᠤᠭᠤᠷᠠᠵᠤ ᠭᠠᠷᠤᠭᠰᠠᠨ ᠴᠠᠭᠠᠨ ᠬᠠᠯᠢᠭᠤᠨ ᠮᠣᠷᠢ ᠬᠠᠮᠤᠭ ᠡᠮᠦᠨ᠎ᠡ ᠳᠠᠪᠬᠢᠨ᠎ᠠ᠃ ᠠᠷᠤ ᠳ᠋ᠠᠬᠢ ᠪᠠᠨ ᠪᠠᠷᠤᠭ ᠵᠠᠭᠤᠨ ᠠᠯᠬᠤᠮ ᠬᠣᠯᠠ ᠬᠠᠶᠠᠵᠠᠢ᠃
— ᠭᠡᠭᠡᠨ ᠰᠩ ᠦ᠋ᠨ ᠴᠠᠬᠢᠯᠭᠠᠨ ᠬᠠᠯᠢᠭᠤᠨ ᠮᠥᠨ ᠪᠠᠢᠨ᠎ᠠ᠃
— ᠠ᠂ ᠮᠥᠨ ᠳᠡ! ᠳᠠᠯᠠᠪᠴᠢ ᠤᠷᠭᠤᠭᠰᠠᠨ ᠬᠤᠪᠢᠯᠭᠠᠨ ᠬᠦᠯᠦᠭ ᠶᠦᠮ ᠠ᠋!
— ᠡᠨᠡ ᠴᠠᠭᠠᠨ ᠬᠠᠯᠢᠭᠤᠨ ᠮᠣᠷᠢ ᠬᠣᠰᠢᠭᠤ ᠣᠪᠣᠭᠠᠨ ᠤ᠋ ᠨᠠᠢᠷ ᠲᠤ ᠲᠡᠷᠢᠭᠦᠯᠡᠬᠦ ᠪᠠᠢᠲᠤᠭᠠᠢ᠂ ᠴᠢᠭᠤᠯᠭᠠᠨ ᠤ᠋ ᠶᠡᠬᠡ ᠨᠠᠢᠷ ᠲᠤ ᠮᠥᠷᠥᠢ ᠠᠯᠳᠠᠳᠠᠭ ᠦᠭᠡᠢ ᠡᠴᠡ《ᠴᠠᠬᠢᠯᠭᠠᠨ》 ᠨᠡᠷ᠎ᠡ ᠣᠯᠵᠤ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠭᠡᠭᠡᠨ ᠬᠤᠪᠢᠯᠭᠠᠨ ᠢ᠋ ᠬᠦᠷᠲᠡᠯ᠎ᠡ ᠬᠠᠭ᠎ᠠ ᠪᠠᠶᠠᠷᠯᠠᠭᠤᠯᠵᠤ ᠶᠠᠪᠤᠭᠰᠠᠨ ᠲᠡᠦᠬᠡ ᠲᠡᠢ ᠭᠡᠵᠦ ᠡᠷᠡᠬᠡᠢ ᠭᠣᠵᠣᠢᠯᠭᠠᠨ ᠱᠠᠭᠰᠢᠯᠳᠤᠭᠰᠠᠨ ᠬᠥᠮᠦᠰ ᠦ᠋ᠨ ᠠᠮᠠᠨ ᠵᠠᠪᠠᠵᠢ ᠭᠡᠨᠡᠳᠲᠡ ᠬᠠᠵᠠᠢᠵᠤ᠄
— ᠬᠥᠶᠢ᠂ ᠥᠨᠥᠬᠢ ᠴᠢᠨᠢ ᠵᠠᠢᠳᠠᠩ ᠳᠠᠪᠬᠢᠭ᠎ᠠ ᠶᠤᠮ ᠪᠢᠰᠢ ᠪᠢᠵᠡ ᠳᠡ!
— ᠶᠠᠭᠠᠬᠢᠭ᠎ᠠ ᠪᠣᠢ? ᠬᠡᠯᠢᠬᠵᠣᠩᠨᠠᠢ ᠵᠢᠭᠠᠯ ᠪᠠᠨᠳᠢ ᠮᠣᠷᠢᠨ ᠤ᠋ ᠪᠠᠨ ᠬᠤᠷᠳᠤ ᠳ᠋ᠤ᠌ ᠣᠮᠣᠷᠬᠠᠵᠤ ᠠᠯᠢᠶᠠᠯᠠᠨ ᠮᠣᠷᠢᠨ ᠤ᠋ ᠪᠠᠨ ᠪᠤᠷᠤᠭᠤ ᠲᠠᠯ᠎ᠠ ᠪᠠᠷ ᠬᠠᠪᠢᠷᠭᠠᠨ ᠳ᠋ᠤᠨᠢ ᠨᠠᠭᠠᠯᠳᠤᠵᠤ᠁ ᠭᠡᠵᠦ ᠬᠡᠨ ᠨᠢᠭᠡ ᠨᠢ ᠬᠡᠯᠡᠲᠡᠯ᠎ᠡ ᠪᠠᠰᠠ ᠨᠢᠭᠡ ᠨᠢ ᠡᠯᠭᠦᠵᠦ ᠠᠪᠤᠭᠠᠳ᠄
— ᠳᠦᠭᠦᠷᠦᠭᠰᠡᠨ ᠠ᠋! ᠳᠦᠭᠦᠷᠦᠭᠰᠡᠨ! ᠴᠠᠬᠢᠯᠭᠠᠨ ᠬᠠᠯᠢᠭᠤᠨ ᠲᠠᠰᠤᠷᠬᠠᠢ ᠴᠤᠯᠪᠤᠭᠤᠷ᠂ ᠲᠠᠲᠠᠭᠠᠯ ᠲᠣᠬᠣᠮ ᠲᠠᠢ ᠪᠠᠨ ᠬᠣᠭᠣᠰᠣᠨ ᠳᠠᠪᠬᠢᠨ᠎ᠠ᠃
— ᠢᠯᠡ ᠬᠠᠷᠠᠯ᠎ᠠ! ᠵᠢᠭᠠᠯ ᠬᠦᠦ ᠬᠤᠷᠳᠤᠨ ᠮᠣᠷᠢᠨ ᠤ᠋ ᠳᠠᠪᠬᠢᠶᠠᠨ ᠳ᠋ᠤ᠌ ᠬᠡᠢᠰᠴᠢᠬᠡᠭᠰᠡᠨ ᠪᠢᠰᠢ ᠪᠠᠢᠭ᠎ᠠ ᠳᠠ! ᠭᠡᠵᠦ ᠨᠠᠭᠠᠳᠤᠮᠴᠢᠳ ᠴᠠᠬᠢᠯᠭᠠᠨ ᠬᠠᠯᠢᠭᠤᠨ ᠤ᠋ ᠰᠢᠪᠠᠭ᠎ᠠ ᠬᠣᠭᠣᠰᠣᠨ ᠳᠠᠪᠬᠢᠭᠰᠠᠨ ᠳ᠋ᠤ᠌ ᠬᠠᠷᠠᠮᠰᠠᠵᠤ᠂ ᠵᠢᠭᠠᠯ ᠪᠠᠨᠳᠢ ᠭᠡᠯᠢᠬᠵᠤᠩᠨᠠᠢ ᠶ᠋ᠢᠨ ᠲᠥᠯᠥᠭᠡ ᠰᠠᠨᠠᠭ᠎ᠠ ᠵᠣᠪᠠᠭᠰᠠᠨ ᠶᠠᠷᠢᠶ᠎ᠠ ᠳᠠᠮ ᠳᠠᠮ ᠲᠠᠷᠬᠠᠵᠤ ᠶᠠᠪᠤᠨ᠎ᠠ᠃ ᠭᠡᠭᠡᠨ ᠰᠠᠩ ᠤ᠋ᠨ ᠠᠳᠤᠭᠤᠴᠢ ᠡᠩᠬᠡᠲᠡᠬᠦᠰ ᠴᠠᠬᠢᠯᠭᠠᠨ ᠬᠠᠯᠢᠭᠤᠨ ᠤ᠋ ᠲᠠᠰᠤᠷᠬᠠᠢ ᠴᠤᠯᠪᠤᠭᠤᠷ ᠠ᠋ᠴᠠ ᠰᠢᠭᠦᠷᠡᠨ ᠠᠪᠴᠤ ᠬᠥᠮᠦᠰ ᠡᠴᠡ ᠵᠠᠢᠳᠠᠭᠤ ᠬᠥᠲᠥᠯᠵᠦ ᠬᠥᠯ ᠢ᠋ ᠨᠢ ᠰᠡᠯᠭᠦᠭᠡᠨᠡ᠃ ᠰᠢᠪᠠᠭ᠎ᠠ ᠬᠣᠭᠣᠰᠣᠷᠠᠭᠰᠠᠨ ᠴᠠᠬᠢᠯᠭᠠᠨ ᠬᠠᠯᠢᠭᠤᠨ ᠢ᠋ ᠬᠠᠷᠠᠭᠰᠠᠨ ᠷᠠᠰᠢ ᠵᠠᠬᠢᠷᠤᠭᠴᠢ ᠶ᠋ᠢᠨ ᠲᠠᠪᠠ ᠨᠢ ᠬᠠᠨᠵᠤ《ᠴᠠᠬᠢᠯᠭᠠᠨ ᠬᠠᠯᠢᠭᠤᠨ ᠢ᠋ ᠠᠷᠭ᠎ᠠ ᠬᠢ!》 ᠭᠡᠵᠦ ᠬᠠᠰᠢᠯᠭ᠎ᠠ ᠶ᠋ᠢᠨ ᠬᠥᠮᠦᠰ ᠲᠡᠭᠡᠨ ᠰᠡᠮᠡᠬᠡᠷ ᠵᠠᠬᠢᠭᠰᠠᠨ ᠶᠣᠰᠣᠭᠠᠷ ᠪᠡᠶᠡᠯᠡᠨ ᠲᠣᠳᠣᠷᠠᠭᠰᠠᠨ ᠳ᠋ᠤ᠌ ᠦᠯᠡᠮᠵᠢ ᠲᠠᠭᠠᠯᠠᠮᠵᠢᠲᠠᠢ ᠣᠭᠰᠣᠯᠵᠠᠨᠠ᠃ ᠡᠨᠡ ᠨᠢ ᠪᠠᠭ᠎ᠠ ᠬᠠᠲᠤᠨ ᠪᠣᠯᠤᠨ ᠪᠠᠭ᠎ᠠ ᠵᠠᠰᠠᠭ ᠤ᠋ᠨ ᠰᠡᠳᠬᠢᠯ ᠳ᠋ᠦ᠍ ᠥᠶᠥᠭ ᠨᠡᠮᠡᠷᠢᠯᠡᠨ ᠪᠡᠶ᠎ᠡ ᠪᠡᠨ ᠮᠠᠭᠲᠠᠭᠤᠯᠬᠤ ᠭᠡᠵᠦ ᠪᠤᠰᠤᠳ ᠲᠤ ᠬᠣᠷᠣ ᠰᠠᠨᠠᠭᠰᠠᠨ ᠳ᠋ᠠᠭᠠᠨ ᠥᠪᠡᠷ ᠦ᠋ᠨ ᠬᠢᠨᠢ ᠰᠡᠳᠬᠢᠯ ᠥᠭᠡᠳᠡᠷᠡᠭ ᠪᠠᠢᠯ᠎ᠠ᠃
ᠮᠤᠨᠠ ᠬᠠᠢᠷᠬᠠᠨ ᠤ᠋ ᠮᠣᠯᠴᠣᠭ ᠬᠤᠰᠢᠭᠤᠨ ᠤ᠋ ᠳᠡᠪᠰᠡᠭ ᠦ᠋ᠨ ᠦᠵᠦᠭᠦᠷ ᠡᠴᠡ ᠳᠠᠪᠬᠢᠭᠰᠠᠨ ᠤᠷᠤᠯᠳᠤᠭᠠᠨ ᠤ᠋ ᠮᠣᠷᠢᠳ ᠵᠢᠷᠠᠨ ᠭᠠᠵᠠᠷ ᠤ᠋ᠨ ᠰᠢᠨᠳᠠᠰᠤ ᠰᠢᠯᠭᠠᠵᠤ ᠬᠠᠯᠠᠭᠠᠢᠲᠤ ᠶ᠋ᠢᠨ ᠪᠤᠯᠤᠩ ᠳᠠᠪᠠᠲᠠᠯ᠎ᠠ ᠴᠠᠬᠢᠯᠭᠠᠨ ᠬᠠᠯᠢᠭᠤᠨ ᠮᠥᠴᠡᠭᠡ ᠪᠡᠨ ᠥᠭᠬᠦ ᠦᠭᠡᠢ ᠡᠮᠦᠨ᠎ᠡ ᠨᠢ ᠬᠣᠰᠢᠭᠤᠷᠠᠨ ᠳᠠᠪᠬᠢᠵᠤ ᠲᠡᠭᠦᠨ ᠢ᠋ ᠰᠡᠭᠦᠯᠳᠡᠨ ᠳᠠᠪᠬᠢᠭ᠎ᠠ ᠴᠣᠭᠪᠠᠭᠠᠲᠦᠷ ᠦ᠋ᠨ ᠰᠠᠭᠠᠷᠠᠯ᠂ ᠨᠣᠶᠠᠨ ᠰᠠᠩ ᠤ᠋ᠨ ᠬᠠᠯᠲᠠᠷ ᠬᠡᠭᠡᠷ ᠬᠣᠶᠠᠷ ᠤ᠋ᠨ ᠲᠣᠭᠣᠰᠣ ᠣᠯᠠᠨ ᠠ᠋ᠴᠠ ᠢᠯᠭᠠᠭᠳᠠᠨ᠎ᠠ᠃ ᠬᠤᠷᠳᠤᠨ ᠮᠣᠷᠢᠨ ᠤ᠋ ᠲᠤᠭᠤᠷᠠᠢ ᠳ᠋ᠤ᠌ ᠬᠠᠮᠤᠭᠳᠠᠭᠰᠠᠨ ᠨᠠᠷᠢᠨ ᠰᠠᠢᠷ ᠠᠷᠤ ᠳ᠋ᠠᠬᠢ ᠳᠠᠪᠬᠢᠭ᠎ᠠ ᠮᠣᠷᠢᠳ ᠤ᠋ᠨ ᠡᠮᠦᠨ᠎ᠡ ᠡᠴᠡ ᠰᠠᠴᠤᠵᠤ ᠨᠢᠳᠦ ᠨᠡᠭᠡᠭᠡᠬᠦ ᠠᠷᠭ᠎ᠠ ᠦᠭᠡᠢ᠃ ᠵᠢᠭᠠᠯ ᠭᠢᠯᠢᠬᠵᠤᠩᠨᠠᠢ ᠶ᠋ᠢᠨ ᠤᠨᠤᠭᠰᠠᠨ ᠴᠠᠬᠢᠯᠭᠠᠨ ᠬᠠᠯᠢᠭᠤᠨ ᠳᠠᠪᠬᠢᠬᠤ ᠳᠣᠳᠣᠮ ᠬᠥᠯ ᠨᠢ ᠴᠢᠩᠭᠠᠷᠠᠨ ᠬᠠᠷᠪᠤᠭᠰᠠᠨ ᠰᠤᠮᠤ ᠰᠢᠭ᠋ ᠤᠨᠤᠭᠰᠠᠨ ᠡᠵᠡᠨ ᠢ᠋ᠶ᠋ᠡᠨ ᠱᠤᠤᠭᠢᠭᠤᠯᠤᠨ ᠱᠤᠩᠭᠤᠨᠠ᠃ ᠰᠤᠮᠤᠳᠠᠨ ᠳᠠᠪᠬᠢᠬᠤ ᠮᠣᠷᠢᠨ ᠤ᠋ ᠳᠠᠪᠬᠢᠭᠠᠨ ᠳ᠋ᠤ᠌ ᠵᠠᠭᠠᠯ ᠪᠠᠨᠳᠢ ᠶ᠋ᠢᠨ ᠨᠢᠳᠦᠨ ᠡᠴᠡ ᠣᠴᠢ ᠪᠠᠳᠠᠷᠠᠨ᠎ᠠ᠃ ᠬᠠᠰᠢᠯᠭ᠎ᠠ ᠶ᠋ᠢᠨ ᠵᠢᠰᠢᠶᠠᠨ ᠤ᠋ ᠬᠥᠮᠦᠨ ᠬᠠᠯᠠᠭᠠᠢᠲᠤ ᠶ᠋ᠢᠨ ᠪᠤᠯᠤᠩ ᠠ᠋ᠴᠠ ᠴᠠᠬᠢᠯᠭᠠᠨ ᠬᠠᠯᠢᠭᠤᠨ ᠢ᠋ ᠠᠮᠠᠳᠠᠵᠤ ᠲᠣᠰᠤᠭᠠᠳ ᠵᠢᠯᠣᠭᠣ ᠶ᠋ᠢ ᠨᠢ ᠰᠢᠭᠦᠷᠡᠨ ᠬᠡᠰᠡᠭ ᠰᠢᠷᠦᠭᠦᠨ ᠳᠣᠪᠲᠣᠯᠤᠭᠰᠠᠨ ᠢ᠋ᠶ᠋ᠠᠨ ᠭᠡᠨᠡᠳᠲᠡ ᠵᠢᠭᠠᠯ ᠭᠡᠯᠢᠬᠵᠤᠩᠨᠠᠢ ᠶ᠋ᠢᠨ ᠵᠥᠪ ᠲᠠᠯ᠎ᠠ ᠶ᠋ᠢᠨ ᠬᠥᠯ ᠡᠴᠡ ᠨᠢ ᠬᠡᠢᠳᠡᠭᠦᠯᠦᠨ ᠡᠷᠭᠦᠵᠦ ᠪᠤᠷᠤᠭᠤ ᠲᠠᠯ᠎ᠠ ᠤᠷᠤᠭᠤ ᠨᠢ ᠬᠥᠯᠪᠡᠷᠢᠭᠦᠯᠪᠡ᠃ ᠲᠡᠰᠢᠶ᠎ᠡ ᠤᠷᠤᠭᠤ ᠪᠠᠨ ᠲᠠᠰᠢᠭᠤᠷ ᠱᠠᠩᠨᠠᠭᠤᠯᠤᠭᠰᠠᠨ ᠴᠠᠬᠢᠯᠭᠠᠨ ᠬᠠᠯᠢᠭᠤᠨ ᠤᠬᠤᠰᠬᠢᠨ ᠡᠮᠦᠨᠡᠰᠢ ᠲᠦᠷᠢᠬᠦ ᠳ᠋ᠡᠭᠡᠨ ᠪᠤᠷᠤᠭᠤ ᠲᠠᠯ᠎ᠠ ᠪᠠᠷ ᠨᠢ ᠡᠯᠢᠶᠡᠨ ᠰᠡᠭᠦᠳᠡᠷ ᠰᠢᠭ ᠶᠠᠭᠤᠮ᠎ᠠ ᠨᠠᠪᠲᠠᠰᠬᠢᠨ ᠬᠥᠰᠡᠷ ᠣᠢᠴᠢᠬᠤ ᠠ᠋ᠴᠠ ᠦᠷᠭᠦᠵᠦ ᠴᠤᠯᠪᠤᠭᠤᠷ ᠢ᠋ᠶ᠋ᠠᠨ ᠲᠠᠰᠤ ᠭᠢᠰᠬᠢᠨ ᠣᠮ ᠬᠣᠮ ᠦᠭᠡᠢ ᠳᠠᠪᠬᠢᠵᠤ ᠠᠷᠢᠯᠪᠠ᠃ ᠳᠥᠷᠥᠭᠡ ᠬᠠᠷᠰᠢᠬᠤ ᠰᠢᠤᠬᠠᠨ ᠪᠣᠯᠤᠭᠰᠠᠨ ᠢ᠋ᠶ᠋ᠠᠨ ᠨᠢᠭᠡ ᠮᠡᠳᠡᠬᠦ ᠳ᠋ᠦ᠍ ᠵᠢᠭᠠᠯ ᠭᠡᠯᠢᠭᠵᠤᠩᠨᠠᠢ ᠡᠭ ᠬᠢᠨ ᠮᠣᠷᠢᠨ ᠠ᠋ᠴᠠ ᠪᠠᠨ ᠣᠢᠴᠢᠬᠤ ᠰᠢᠤᠬᠠᠨ ᠪᠣᠯᠪᠠ᠃ ᠨᠢᠭᠡ ᠬᠠᠷᠠᠬᠤ ᠳ᠋ᠤ᠌ ᠵᠢᠭᠠᠯ ᠭᠡᠯᠢᠬᠵᠤᠩᠨᠠᠢ ᠳᠠᠪᠬᠢᠨ ᠣᠳᠤᠭᠰᠠᠨ ᠴᠠᠬᠢᠯᠭᠠᠨ ᠬᠠᠯᠢᠭᠤᠨ ᠤ᠋ ᠲᠣᠭᠣᠰᠣᠨ ᠳ᠋ᠤ᠌ ᠭᠡᠳᠡᠰᠦ ᠪᠡᠨ ᠲᠡᠪᠡᠷᠢᠨ ᠪᠥᠮᠪᠥᠷᠢᠨ᠎ᠡ᠁
ᠤᠷᠤᠯᠳᠤᠭᠠᠨ ᠳ᠋ᠤ᠌ ᠰᠤᠷᠮᠠᠭᠠᠢ ᠴᠠᠬᠢᠯᠭᠠᠨ ᠬᠠᠯᠢᠭᠤᠨ ᠰᠢᠭᠤᠳ ᠲᠡᠭᠦᠰᠬᠡᠯ ᠦ᠋ᠨ ᠤᠲᠠᠰᠤ ᠶ᠋ᠢ ᠵᠣᠷᠢᠨ ᠵᠣᠭᠰᠣᠭ᠎ᠠ ᠵᠠᠢ ᠦᠭᠡᠢ ᠳᠠᠪᠬᠢᠨ᠎ᠠ᠃ ᠴᠠᠬᠢᠯᠭᠠᠨ ᠬᠠᠯᠢᠭᠤᠨ ᠤ᠋ ᠠᠷᠤ ᠠ᠋ᠴᠠ ᠴᠣᠭᠪᠠᠭᠠᠲᠦᠷ ᠦ᠋ᠨ ᠰᠠᠭᠠᠷᠠᠯ᠂ ᠨᠣᠶᠠᠨ ᠰᠠᠩ ᠤ᠋ᠨ ᠬᠠᠯᠲᠠᠷ ᠬᠡᠭᠡᠷ ᠥᠷᠢᠰᠦᠯᠳᠦᠭᠡᠨ ᠮᠡᠳᠬᠡᠵᠦ ᠪᠣᠷᠪᠢ ᠪᠣᠷᠪᠢ ᠪᠠᠨ ᠭᠢᠰᠬᠢᠮᠡ ᠳᠠᠪᠬᠢᠨ᠎ᠠ᠃ ᠴᠣᠭᠪᠠᠭᠠᠲᠦᠷ ᠦ᠋ᠨ ᠰᠠᠭᠠᠷᠠᠯ ᠢ᠋ ᠤᠨᠤᠭᠰᠠᠨ ᠵᠢᠭᠠᠯ ᠸᠠᠩᠴᠢᠨ᠂ ᠭᠡᠯᠡᠭᠵᠤᠩᠨᠠᠢ ᠶ᠋ᠢᠨ ᠭᠡᠳᠡᠰᠦ ᠪᠡᠨ ᠲᠡᠪᠡᠷᠢᠭᠡᠳ ᠥᠩᠬᠥᠷᠢᠳᠦᠬᠦ ᠶ᠋ᠢ ᠡᠷᠭᠢᠵᠦ ᠬᠠᠷᠠᠭᠠᠳ ᠦᠷᠦ ᠡᠪᠡᠳᠬᠦ ᠶ᠋ᠢ ᠶᠠᠭᠠᠬᠢᠨ᠎ᠠ᠃ ᠨᠢᠭᠡ ᠪᠤᠯᠠᠭ ᠤ᠋ᠨ ᠤᠰᠤ ᠠ᠋ᠴᠠ ᠤᠤᠭᠤᠵᠤ ᠲᠣᠭᠯᠠᠨ ᠥᠰᠦᠭᠰᠡᠨ ᠤᠨᠠᠭᠠᠨ ᠨᠠᠢᠵᠠ ᠶ᠋ᠢᠨ ᠢ᠋ᠶ᠋ᠡᠨ ᠭᠡᠨᠡᠳᠡᠭᠰᠡᠨ ᠢ᠋ ᠬᠠᠷᠠᠬᠤ ᠳ᠋ᠠᠭᠠᠨ ᠰᠡᠳᠬᠢᠯ ᠵᠣᠪᠠᠨᠢᠨ《ᠬᠡᠯᠢᠭ ᠠ᠋!᠁》 ᠭᠡᠵᠦ ᠳᠠᠭᠤᠳᠠᠨ᠎ᠠ᠃ ᠡᠨᠡ ᠠᠭᠱᠠᠨ᠎ᠠ ᠨᠣᠶᠠᠨ ᠰᠠᠩ ᠤ᠋ᠨ ᠬᠠᠯᠲᠠᠷ ᠬᠡᠭᠡᠷ᠂ ᠴᠣᠭᠪᠠᠭᠠᠲᠦᠷ ᠦ᠋ᠨ ᠰᠠᠭᠠᠷᠠᠯ ᠢ᠋ ᠨᠢᠭᠡ ᠲᠣᠯᠣᠭᠠᠢ ᠳᠠᠪᠠᠮ᠎ᠠ ᠬᠠᠶᠠᠪᠠ᠃
ᠵᠢᠭᠠᠯ ᠸᠠᠩᠴᠢᠨ ᠰᠠᠭᠠᠷᠠᠯ ᠤ᠋ᠨ ᠵᠢᠯᠣᠭᠣ ᠶ᠋ᠢ ᠦᠯᠦ ᠮᠡᠳᠡᠭ ᠲᠠᠲᠠᠰᠬᠢᠨ ᠭᠡᠯᠢᠬᠵᠤᠩᠨᠠᠢ ᠶ᠋ᠢᠨ ᠪᠠᠷ᠎ᠠ ᠶ᠋ᠢ ᠡᠷᠭᠢᠨ ᠡᠷᠭᠢᠨ ᠬᠠᠷᠠᠬᠤ ᠳ᠋ᠤ᠌ ᠰᠠᠭᠠᠷᠠᠯ ᠮᠣᠷᠢᠨ ᠤ᠋ ᠳᠠᠪᠬᠢᠭ᠎ᠠ ᠢᠯᠡᠳᠲᠡ ᠰᠤᠯᠠᠷᠠᠨ ᠨᠣᠶᠠᠨ ᠰᠠᠩ ᠤ᠋ᠨ ᠬᠠᠯᠲᠠᠷ ᠬᠡᠭᠡᠷ ᠲᠡᠭᠦᠨ ᠢ᠋ ᠤᠷᠭ᠎ᠠ ᠪᠠᠷᠢᠮ᠎ᠠ ᠬᠠᠶᠠᠵᠤ ᠣᠷᠬᠢᠯ᠎ᠠ᠃
ᠨᠣᠶᠠᠨ ᠰᠠᠩ ᠤ᠋ᠨ ᠠᠯᠪᠠᠲᠤ ᠪᠠ ᠬᠠᠰᠢᠯᠭ᠎ᠠ ᠶ᠋ᠢᠨ ᠵᠠᠰᠢᠶᠠᠨ ᠤ᠋ ᠬᠥᠮᠦᠰ ᠴᠤ᠌ ᠨᠣᠶᠠᠨ ᠰᠠᠩ ᠤ᠋ᠨ ᠬᠠᠯᠲᠠᠷ ᠬᠡᠭᠡᠷ ᠢ᠋ ᠲᠡᠷᠢᠭᠦᠯᠡᠭᠡᠰᠡᠢ ᠭᠡᠵᠦ《ᠲᠠᠰᠢᠭᠤᠷᠳᠠ᠂ ᠭᠣᠮᠪᠣ ᠠ᠋!》 ᠭᠡᠮᠡᠨ ᠵᠦᠭ ᠵᠦᠭ ᠡᠴᠡ ᠬᠠᠰᠬᠢᠷᠤᠯᠳᠤᠨ᠎ᠠ᠃
ᠣᠯᠠᠨ ᠤ᠋ ᠳᠤᠮᠳᠠ ᠵᠡᠭᠡᠷᠳᠡ ᠮᠣᠷᠢᠨ ᠤ᠋ ᠨᠢᠷᠤᠭᠤᠨ ᠳᠡᠭᠡᠷ᠎ᠡ ᠲᠠᠰᠢᠶᠠᠯᠳᠤᠵᠤ ᠰᠠᠭᠤᠭᠰᠠᠨ ᠴᠣᠭᠪᠠᠭᠠᠲᠦᠷ ᠡᠨᠡ ᠪᠦᠬᠦᠨ ᠢ᠋ ᠬᠠᠷᠠᠵᠤ ᠵᠣᠭᠰᠣᠭᠰᠠᠨ ᠳ᠋ᠠᠭᠠᠨ ᠬᠢᠯᠢᠩ ᠪᠠᠳᠠᠷᠠᠨ᠄ ᠴᠢ! ᠭᠡᠮᠡᠨ ᠬᠠᠰᠬᠢᠷᠪᠠ᠃
ᠬᠠᠮᠢᠭ᠎ᠠ ᠠ᠋ᠴᠠ ᠨᠢ ᠲᠠᠴᠢᠭᠢᠨᠠᠬᠤ ᠬᠠᠷ᠎ᠠ ᠬᠠᠷᠢᠶᠠᠯ ᠠ᠋ᠴᠠ ᠸᠠᠩᠴᠢᠨ ᠤ᠋ ᠳᠦᠢᠷᠡᠭᠰᠡᠨ ᠲᠣᠯᠣᠭᠠᠢ ᠰᠡᠬᠡᠰᠬᠢᠵᠦ ᠤᠬᠠᠭᠠᠷᠠᠨ ᠬᠠᠷᠠᠪᠠᠯ ᠬᠠᠯᠲᠠᠷ ᠬᠡᠭᠡᠷ ᠲᠦ᠍ ᠬᠠᠶᠠᠭᠳᠠᠭᠰᠠᠨ ᠢ᠋ᠶ᠋ᠠᠨ ᠮᠡᠳᠡᠯ᠎ᠡ᠃
— ᠸᠠᠩᠴᠢᠨ ᠠ᠋! ᠲᠠᠰᠢᠭᠤᠷᠳᠠ! ᠲᠠᠰᠢᠭᠤᠷᠳᠠ! ᠵᠢᠯᠣᠭᠣ ᠪᠠᠨ ᠲᠠᠲᠠᠰᠬᠢᠭᠡᠳ ᠪᠠᠢ! ᠭᠡᠬᠦ ᠬᠦᠩᠭᠢᠨᠡᠬᠦᠨ ᠳᠠᠭᠤᠨ ᠲᠡᠭᠦᠨ ᠦ᠌ ᠳ᠋ᠦ᠍ ᠬᠦᠴᠦ ᠨᠡᠮᠡᠵᠦ ᠪᠠᠢᠯ᠎ᠠ᠃ ᠸᠠᠩᠴᠢᠨ ᠡᠨᠡ ᠬᠦ᠌ ᠫᠠᠷᠭᠢᠶ᠎ᠠ ᠪᠦᠳᠦᠭᠦᠨ ᠳᠠᠭᠤᠨ ᠢ᠋ ᠲᠡᠭᠦᠨ ᠦ᠌ ᠨᠠᠭᠠᠴᠤ ᠪᠣᠯᠬᠤ ᠵᠣᠳᠪᠠ ᠮᠡᠢᠷᠡᠨ ᠦ᠌ ᠳᠠᠭᠤᠨ ᠭᠡᠳᠡᠭ ᠢ᠋ ᠰᠠᠷᠠᠯ ᠢ᠋ᠶ᠋ᠠᠷ ᠢ᠋ᠶ᠋ᠠᠨ ᠲᠠᠨᠢᠵᠤ᠂ ᠰᠠᠭᠠᠷᠠᠯ ᠤ᠋ᠨ ᠢ᠋ᠶ᠋ᠠᠨ ᠵᠢᠯᠣᠭᠣ ᠶ᠋ᠢ ᠳᠤᠭᠲᠤᠷᠬᠤᠢᠴᠠ ᠲᠡᠰᠢᠶ᠎ᠡ ᠤᠷᠤᠭᠤ ᠨᠢ ᠰᠡᠷᠡᠮᠵᠢ ᠶ᠋ᠢᠨ ᠮᠢᠯᠠᠭ᠎ᠠ ᠥᠭᠴᠦ᠂ ᠬᠥᠯ ᠢ᠋ᠶ᠋ᠡᠨ ᠳᠠᠪᠢᠷᠠᠨ《ᠴᠥᠬᠥ!》 ᠭᠡᠬᠦ ᠳ᠋ᠦ᠍ ᠰᠠᠭᠠᠷᠠᠯ ᠮᠣᠷᠢ ᠤᠬᠤᠰᠬᠢᠨ ᠳᠠᠪᠬᠢᠵᠤ ᠨᠣᠶᠠᠨ ᠰᠠᠩ ᠤ᠋ᠨ ᠬᠠᠯᠲᠠᠷ ᠬᠡᠭᠡᠷ ᠢ᠋ ᠳᠣᠣᠷ᠎ᠠ ᠪᠠᠨ ᠭᠦᠢᠴᠡᠪᠡ᠁
ᠴᠠᠬᠢᠯᠭᠠᠨ ᠬᠠᠯᠢᠭᠤᠨ ᠬᠣᠭᠣᠰᠣᠨ ᠰᠢᠪᠠᠭ᠎ᠠ ᠰᠤᠭᠤᠯᠤᠭᠰᠠᠨ ᠠ᠋ᠴᠠ ᠬᠥᠮᠦᠰ ᠱᠤᠤᠭᠢᠯᠳᠤᠨ ᠬᠦᠦᠷᠨᠢᠵᠦ᠂ ᠲᠠᠭᠠᠮᠠ ᠶ᠋ᠢᠨ ᠠᠶ᠎ᠠ ᠪᠠᠷ《ᠬᠠᠯᠲᠠᠷ ᠬᠡᠭᠡᠷ ᠲᠡᠷᠢᠭᠦᠯᠡᠨ᠎ᠡ ᠪᠣᠢ!》᠂《ᠴᠣᠭᠪᠠᠭᠠᠲᠦᠷ ᠦ᠋ᠨ ᠰᠠᠭᠠᠷᠠᠯ ᠴᠤ᠌ ᠮᠥᠨ ᠮᠥᠴᠡᠭᠡ ᠪᠡᠨ ᠥᠭᠬᠦ ᠦᠭᠡᠢ ᠠ᠋》 ᠭᠡᠵᠦ《ᠴᠣᠬᠣᠮ ᠠᠯᠢ ᠨᠢ ᠲᠥᠷᠥᠭᠦᠯᠳᠡᠭ ᠪᠢᠯᠡ?》 ᠭᠡᠳᠡᠭ ᠣᠨᠢᠰᠣᠭ᠎ᠠ ᠳᠠᠭᠠᠪᠤᠷᠢ ᠪᠣᠯᠤᠨ᠎ᠠ᠃
ᠨᠠᠭᠠᠳᠤᠮᠴᠢᠳ ᠤ᠋ᠨ ᠬᠠᠰᠬᠢᠷᠤᠯᠳᠤᠬᠤ᠂ ᠤᠤᠬᠠᠢᠯᠠᠬᠤ ᠱᠤᠤᠭᠢᠶᠠᠨ ᠳᠤᠮᠳᠠ ᠰᠠᠭᠠᠷᠠᠯ ᠪᠣᠯᠤᠨ ᠬᠠᠯᠲᠠᠷ ᠬᠡᠭᠡᠷ ᠬᠣᠶᠠᠷ ᠵᠤᠤᠵᠠᠢ ᠬᠣᠯᠪᠣᠨ ᠭᠠᠷᠪᠠ᠃
— ᠬᠡᠨ ᠦ᠌ ᠬᠢᠨᠢ ᠲᠡᠷᠢᠭᠦᠯᠡᠪᠡ⁈
— ᠴᠣᠭᠪᠠᠭᠠᠲᠦᠷ ᠦ᠋ᠨ ᠰᠠᠭᠠᠷᠠᠯ!
— ᠪᠢᠰᠢ ᠠ᠋! ᠬᠠᠯᠲᠠᠷ ᠬᠡᠭᠡᠷ! ᠭᠡᠵᠦ ᠨᠠᠭᠠᠳᠤᠮᠴᠢᠳ ᠬᠣᠭᠣᠷᠣᠨᠳᠣ ᠪᠠᠨ ᠮᠡᠷᠭᠡ ᠪᠤᠯᠢᠶᠠᠯᠳᠤᠵᠤ ᠮᠡᠳᠡᠮᠡᠬᠡᠢᠷᠡᠨᠡ᠃
ᠲᠡᠭᠡᠲᠡᠯ᠎ᠡ ᠴᠠᠭᠠᠨ᠎ᠠ ᠠ᠋ᠴᠠ《ᠨᠣᠶᠠᠨ ᠰᠩ ᠦ᠋ᠨ ᠬᠠᠯᠲᠠᠷ ᠬᠡᠭᠡᠷ ᠲᠡᠷᠢᠭᠦᠯᠡᠪᠡ》 ᠭᠡᠵᠦ ᠪᠤᠵᠢᠭᠢᠨᠠᠯᠳᠤᠯᠠ᠃
— ᠣ᠂ ᠬᠥᠭᠡᠷᠦᠬᠦᠢ! ᠡᠨᠡ ᠬᠦᠦ ᠰᠠᠢᠬᠠᠨ ᠳᠠᠪᠬᠢᠭᠤᠯᠤᠯ᠎ᠠ! ᠭᠡᠵᠦ ᠷᠠᠰᠢ ᠵᠠᠬᠢᠷᠤᠭᠴᠢ ᠵᠢᠭᠠᠯ ᠭᠣᠮᠪᠣ ᠶ᠋ᠢ ᠦᠨᠦᠰᠦᠨ᠎ᠡ᠃ ᠲᠡᠭᠡᠲᠡᠯ᠎ᠡ ᠨᠢᠭᠡ ᠪᠤᠭᠤᠷᠤᠯ ᠡᠪᠦᠭᠡᠨ ᠭᠣᠮᠪᠣ ᠶ᠋ᠢ ᠲᠡᠪᠡᠷᠢᠭᠡᠳ ᠤᠯᠠᠭᠠᠨ ᠵᠠᠭᠠᠯ ᠪᠣᠯᠤᠭᠰᠠᠨ ᠪᠤᠬᠤᠷ ᠲᠤᠨᠢ《ᠲᠦᠢ᠂ ᠲᠦᠢ》 ᠭᠡᠵᠦ ᠨᠤᠯᠮᠤᠨ ᠰᠢᠯᠦᠰᠦ ᠪᠡᠨ ᠲᠦᠷᠭᠡᠨ《ᠡᠮ ᠪᠣᠯ᠂ ᠲᠣᠮ ᠪᠣᠯ》 ᠭᠡᠵᠦ ᠵᠢᠭᠠᠯ ᠬᠦᠦ ᠶ᠋ᠢ ᠥᠬᠥᠭᠡᠷᠳᠡᠨᠡ᠃ ᠬᠠᠢᠷ᠎ᠠ ᠪᠢᠰᠢᠷᠡᠯ ᠦ᠋ᠨ ᠬᠠᠷᠠᠴᠠ ᠪᠦᠬᠦᠨ ᠵᠢᠭᠠᠯ ᠭᠣᠮᠪᠣ ᠶ᠋ᠢ ᠥᠬᠥᠭᠡᠷᠳᠡᠨ ᠬᠠᠷᠠᠵᠤ ᠬᠣᠭᠣᠷᠣ ᠬᠣᠭᠣᠷᠣᠨᠳᠣ ᠪᠠᠨ ᠵᠢᠳᠬᠦᠨ ᠰᠢᠬᠠᠯᠳᠤᠨᠠ᠃
ᠮᠢᠨᠦ ᠰᠠᠭᠠᠷᠠᠯ ᠮᠣᠷᠢ ᠲᠡᠷᠢᠭᠦᠯᠡᠭᠰᠡᠨ ᠪᠠᠢᠲᠠᠯ᠎ᠠ? ᠭᠡᠵᠦ ᠤᠬᠢᠯᠠᠩᠨᠠᠭᠰᠠᠨ ᠵᠢᠭᠠᠯ ᠸᠠᠩᠴᠢᠨ ᠴᠢᠰᠤ ᠳᠠᠭᠠᠭᠠᠪᠤᠷᠢᠯᠠᠲᠠᠯᠠ ᠬᠣᠯᠭᠣᠭᠳᠠᠭᠰᠠᠨ ᠪᠤᠬᠤᠷ ᠢ᠋ᠶ᠋ᠠᠨ ᠲᠡᠮᠲᠡᠷᠢᠨ ᠪᠠᠭᠠᠴᠠᠭ ᠪᠠᠭᠠᠴᠠᠭ ᠭᠡᠵᠦ ᠡᠵᠢ ᠵᠦᠭ ᠢ᠋ᠶ᠋ᠡᠨ ᠠᠯᠬᠤᠪᠠ᠃
— ᠪᠠᠷᠠᠭᠤᠨ ᠬᠦᠩ ᠦ᠋ᠨ ᠬᠢᠨ ᠦ᠌ ᠨᠤᠲᠤᠭ ᠨᠢ ᠡᠷᠭᠢᠵᠦ ᠳᠠᠭᠤᠰᠤᠨ᠎ᠠ ᠳᠠ! ᠴᠢᠭᠢᠶᠡᠲᠦᠷᠦᠦ! ᠲᠡᠷᠡ ᠪᠡᠯᠪᠠᠰᠤᠨ ᠡᠮ᠎ᠡ ᠶ᠋ᠢᠨ ᠪᠤᠬᠤᠷ ᠲᠤ ᠪᠠᠭᠠᠰᠤ ᠪᠢᠰᠢ ᠪᠠᠯ ᠨᠠᠭᠠᠯᠳᠤᠴᠢᠬᠠᠵᠠᠢ! ᠮᠠᠭᠤ ᠰᠠᠢᠨ ᠪᠠᠭᠠᠯ ᠭᠤᠸᠠᠷᠠᠢ ᠨᠤᠭᠤᠳ ᠴᠢᠨᠡᠭᠡ ᠪᠡᠷ ᠢ᠋ᠶ᠋ᠡᠨ ᠳᠣᠯᠢᠶᠠᠵᠠᠭᠠ! ᠡᠬᠡ ᠶ᠋ᠢ ᠨᠢ ᠨᠤᠬᠤᠭᠰᠠᠨ᠁ ᠲᠠᠭᠠᠲᠠᠢ ᠨᠣᠬᠠᠢ ᠶ᠋ᠢᠨ ᠰᠠᠭᠠᠷᠢ ᠨᠤᠭᠤᠳ ᠶᠤᠮ ᠠ᠋! ᠵᠤᠤᠵᠠᠢ ᠬᠣᠯᠪᠣᠭᠠᠳ ᠢᠷᠡᠭᠰᠡᠨ ᠬᠣᠶᠠᠷ ᠮᠣᠷᠢᠨ ᠤ᠋ ᠰᠢᠪᠠᠭ᠎ᠠ ᠠᠳᠠᠯᠢᠬᠠᠨ ᠢᠷᠡᠬᠦ ᠳ᠋ᠦ᠍ ᠨᠣᠶᠠᠨ ᠤ᠋ ᠬᠢᠨᠢ ᠮᠣᠷᠢᠨ ᠳ᠋ᠤ᠌ ᠲᠡᠷᠢᠭᠦᠨ ᠰᠢᠪᠠᠭ᠎ᠠ ᠥᠭᠴᠦ᠂ ᠮᠢᠨᠦ ᠰᠠᠭᠠᠷᠠᠯ ᠳ᠋ᠤ᠌ ᠶᠠᠭᠠᠬᠢᠭᠠᠳ ᠥᠭᠳᠡᠭ ᠦᠭᠡᠢ ᠶᠦᠮ⁈ ᠭᠣᠣᠯ ᠢ᠋ᠶ᠋ᠠᠷ ᠨᠢ ᠴᠢᠰᠤ ᠭᠦᠶᠦᠳᠡᠭ ᠦᠭᠡᠢ ᠮᠠᠭᠤ ᠰᠠᠢᠨ ᠠᠳᠤᠭᠤᠰᠤ ᠨᠤᠭᠤᠳ! ᠭᠡᠵᠦ ᠴᠣᠭᠪᠠᠭᠠᠲᠦᠷ ᠵᠦᠭ ᠴᠢᠭ ᠦᠭᠡᠢ ᠬᠠᠷᠢᠶᠠᠯ ᠲᠠᠯᠪᠢᠨ᠎ᠠ᠁
ᠰᠤᠷ ᠬᠠᠷᠪᠤᠯᠭ᠎ᠠ ᠶ᠋ᠢᠨ ᠲᠠᠯᠠᠪᠤᠷ ᠲᠤ ᠨᠠᠭᠠᠳᠤᠮᠴᠢᠳ ᠲᠠᠯ᠎ᠠ ᠳᠤᠭᠤᠢ ᠰᠠᠷ᠎ᠠ ᠰᠢᠭ᠋ ᠴᠠᠭᠠᠷᠢᠭᠯᠠᠨ ᠬᠤᠮᠢᠷᠠᠯᠳᠤᠨᠠ᠃
ᠰᠤᠷ ᠬᠠᠷᠪᠤᠯᠭ᠎ᠠ ᠶ᠋ᠢᠨ ᠰᠠᠢᠨ ᠡᠷᠡᠰ ᠦ᠋ᠨ ᠨᠢᠳᠦᠨ ᠦ᠌ ᠬᠠᠷᠠᠭᠠᠨ ᠤ᠋ ᠪᠤᠯᠢᠶᠠᠯᠳᠤᠬᠤ ᠡᠴᠦᠰ ᠦ᠋ᠨ ᠰᠢᠪᠲᠤᠷᠠᠭᠠᠨ ᠪᠣᠯᠬᠤ ᠳ᠋ᠤ᠌ ᠸᠴᠢᠷᠪᠠᠲᠤ ᠭᠠᠩᠰᠦᠢ᠍ᠬᠡ ᠬᠣᠶᠠᠷ ᠳᠡᠭᠡᠷ᠎ᠡ ᠳᠣᠣᠷ᠎ᠠ ᠪᠠᠨ ᠣᠷᠣᠬᠤ ᠦᠭᠡᠢ ᠰᠢᠯᠭᠠᠷᠠᠪᠠ᠃ ᠵᠠᠭᠤᠨ ᠨᠤᠮᠤ ᠶ᠋ᠢᠨ ᠵᠠᠢ ᠳ᠋ᠤ᠌ ᠪᠣᠰᠬᠠᠭᠰᠠᠨ ᠬᠠᠷ᠎ᠠ᠂ ᠬᠥᠬᠡ᠂ ᠰᠢᠷ᠎ᠠ᠂ ᠨᠣᠭᠣᠭᠠᠨ᠂ ᠤᠯᠠᠭᠠᠨ ᠵᠡᠷᠭᠡ ᠳᠣᠯᠣᠭᠠᠨ ᠥᠩᠭᠡ ᠶ᠋ᠢᠨ ᠴᠠᠭᠠᠷᠢᠭᠲᠤ ᠰᠠᠷᠠᠨ ᠫᠠᠢᠯᠤᠤᠷ ᠤ᠋ᠨ ᠳᠣᠲᠣᠭᠠᠳᠤ ᠤᠯᠠᠭᠠᠨ ᠴᠠᠭᠠᠷᠢᠭ ᠢ᠋ ᠠᠯᠳᠠᠬᠤ ᠦᠭᠡᠢ ᠤᠨᠤᠭᠰᠠᠨ ᠸᠴᠢᠷᠪᠠᠲᠤ ᠭᠠᠩᠰᠦᠢ᠍ᠬᠡ ᠬᠣᠶᠠᠷ ᠢ᠋ ᠲᠣᠭᠣᠷᠢᠭᠠᠳ ᠬᠥᠮᠦᠰ ᠵᠠᠪᠰᠠᠷ ᠦᠭᠡᠢ ᠬᠤᠮᠢᠷᠠᠯᠳᠤᠵᠤ᠂ ᠡᠨᠡ ᠢᠳᠡᠷ ᠵᠠᠯᠠᠭᠤ ᠬᠣᠶᠠᠷ ᠰᠠᠢᠨ ᠡᠷ᠎ᠡ ᠶ᠋ᠢ ᠪᠠᠬᠠᠷᠬᠠᠭᠰᠠᠨ ᠨᠢᠳᠦ ᠪᠡᠷ ᠬᠠᠷᠠᠵᠤ᠄
— ᠪᠥᠭᠡᠷ᠎ᠡ ᠠᠯᠠᠭ ᠠ᠋ᠴᠠ ᠰᠢᠭᠢᠷ᠎ᠡ ᠠᠯᠠᠭ ᠭᠡᠳᠡᠭ ᠢ᠋ᠶ᠋ᠡᠷ ᠵᠠᠩᠴᠣᠪ ᠤ᠋ᠨ ᠬᠦᠦ ᠭᠠᠩᠰᠦᠢ᠍ᠬᠡ ᠭᠡᠭᠴᠢ ᠡᠴᠢᠭᠡ ᠪᠡᠨ ᠳᠠᠭᠤᠷᠢᠶᠠᠭᠰᠠᠨ ᠰᠠᠢᠨ ᠬᠠᠷᠪᠤᠭᠠᠴᠢ ᠪᠠᠢᠨ᠎ᠠ ᠰᠢᠦ!
— ᠬᠠᠷᠢᠨ ᠭᠡᠮ! ᠨᠡᠷᠡᠲᠡᠢ ᠴᠡᠴᠡᠨ ᠬᠠᠷᠪᠤᠭᠠᠴᠢ ᠸᠴᠢᠷᠪᠠᠲᠤ ᠭᠤᠸᠠᠢ ᠶ᠋ᠢ ᠰᠠᠨᠳᠤᠷᠭᠠᠵᠤ ᠪᠠᠢᠬᠤ ᠴᠢᠨᠢ ᠠᠮᠠᠷ ᠤᠤ?
— ᠲᠡᠭᠡᠯ ᠦᠭᠡᠢ ᠶᠠᠭᠠᠬᠢᠬᠤ ᠪᠣᠢ! ᠮᠠᠨ ᠤ᠋ ᠤᠷᠠᠳ ᠤ᠋ᠳ ᠤᠵᠠᠭᠤᠷ ᠠ᠋ᠴᠠ ᠠᠪᠤᠭᠠᠳ ᠴᠡᠴᠡᠨ ᠬᠠᠷᠪᠤᠭᠠᠴᠢ ᠬᠠᠪᠤᠲᠤ ᠬᠠᠰᠠᠷ ᠤ᠋ᠨ ᠤᠳᠤᠮ ᠲᠠᠢ᠂ ᠤᠷᠠᠨ ᠳᠠᠷᠬᠠᠨ ᠤ᠋ ᠡᠷᠳᠡᠮ ᠲᠡᠢ ᠶᠦᠮ ᠭᠠᠵᠠᠷ ᠳᠠ!
— ᠤᠤᠬᠠᠢ᠂ ᠬᠠᠪᠤᠲᠤ ᠬᠠᠰᠠᠷ ᠤ᠋ᠨ ᠬᠣᠢᠴᠢᠰ ᠶᠤᠮ ᠴᠢᠨᠢ ᠠᠷᠭ᠎ᠠ ᠪᠠᠢᠨ᠎ᠠ ᠤᠤ ᠳᠠ! ᠲᠡᠢᠮᠦ ᠤᠤ⁈ ᠭᠡᠵᠡᠭᠡᠵᠦ ᠨᠢᠭᠡ ᠨᠢᠭᠡᠨ ᠢ᠋ᠶ᠋ᠡᠨ ᠨᠢᠳᠤᠷᠤᠨ ᠳᠡᠯᠡᠳᠵᠦ ᠬᠣᠭᠣᠷᠣᠨᠳᠣ ᠪᠠᠨ ᠣᠮᠣᠭᠰᠢᠨ ᠸᠴᠢᠷᠪᠠᠲᠤ ᠭᠠᠩᠰᠦᠢ᠍ᠬᠡ ᠶ᠋ᠢᠨ ᠲᠥᠯᠥᠭᠡ ᠬᠥᠬᠥᠷᠡᠨ ᠢᠨᠢᠶᠡᠯᠳᠦᠨ᠎ᠡ᠃
ᠸᠴᠢᠷᠪᠠᠲᠤ ᠶ᠋ᠢᠨ ᠡᠭᠡᠯᠵᠢ ᠪᠣᠯᠪᠠ᠃ ᠬᠥᠮᠦᠰ ᠸᠴᠢᠷᠪᠠᠲᠤ ᠶ᠋ᠢᠨ ᠰᠠᠢᠨ ᠫᠤᠤᠳᠠᠳᠠᠭ ᠢ᠋ ᠮᠡᠳᠡᠳᠡᠭ ᠪᠣᠯᠬᠣᠷ《ᠬᠡᠷᠡᠮ ᠳᠡᠭᠡᠷ᠎ᠡ ᠪᠣᠰᠬᠠᠭᠰᠠᠨ ᠪᠠᠯᠢᠩ ᠪᠤᠶᠤ ᠤᠨᠢᠨ ᠤ᠋ ᠲᠣᠯᠣᠭᠠᠢ ᠶ᠋ᠢ ᠠᠨᠳᠠᠬᠤ ᠦᠭᠡᠢ ᠫᠤᠤᠳᠠᠳᠠᠭ ᠶᠤᠮ ᠴᠢᠨᠢ ᠡᠨᠡ ᠶᠠᠭᠤ ᠪᠠᠢᠬᠤ ᠪᠣᠢ?》 ᠭᠡᠵᠦ ᠲᠡᠭᠦᠨ ᠦ᠌ ᠣᠷᠣᠨ ᠳ᠋ᠤ᠌ ᠬᠥᠪᠰᠥᠷᠳᠡᠳᠡᠭ ᠬᠥᠮᠦᠨ ᠨᠢᠭᠡ ᠪᠢᠰᠢ ᠪᠠᠢᠪᠠ᠃ ᠲᠡᠭᠡᠬᠦ ᠳ᠋ᠦ᠍ ᠪᠠᠰᠠ《ᠵᠠ᠂ ᠬᠡᠯᠡᠵᠦ ᠮᠡᠳᠡᠬᠦ ᠦᠭᠡᠢ ᠳᠡ! ᠡᠨᠡ ᠵᠢᠭᠠᠬᠠᠨ ᠬᠦᠦ ᠬᠠᠷᠢᠨ ᠴᠡᠴᠡᠨ ᠫᠤᠤᠳᠠᠯ᠎ᠠ ᠰᠢᠦ! ᠡᠨᠡ ᠭᠣᠵᠣᠯᠵᠠᠭᠤᠯᠤᠭᠰᠠᠨ ᠲᠠᠰᠢᠭᠤᠷ ᠤ᠋ᠨ ᠪᠦᠷᠢᠶ᠎ᠡ ᠶ᠋ᠢ ᠶᠠᠪ ᠴᠠᠪ ᠣᠨᠣᠭᠠᠬᠤ ᠭᠡᠭᠴᠢ ᠪᠠᠰᠠ ᠴᠤ᠌ ᠠᠮᠠᠷ ᠦᠭᠡᠢ!》 ᠭᠡᠬᠦ ᠳ᠋ᠦ᠍ ᠸᠴᠢᠷᠪᠠᠲᠤ ᠶ᠋ᠢᠨ ᠲᠥᠯᠥᠭᠡ ᠵᠣᠪᠠᠰᠭᠢᠬᠰᠨ ᠨᠢᠭᠡ ᠨᠢ《ᠵᠠᠯᠠᠭᠤ ᠬᠡᠦᠬᠡᠳ ᠲᠡᠢ ᠮᠥᠷᠥᠢ ᠲᠠᠯᠪᠢᠵᠤ ᠮᠥᠴᠡᠭᠡ ᠪᠡᠨ ᠠᠯᠳᠠᠪᠠᠯ ᠴᠤ᠌ ᠨᠡᠷ᠎ᠡ ᠨᠢᠭᠤᠷ ᠢ᠋ᠶ᠋ᠠᠨ ᠪᠠᠷᠠᠭᠰᠠᠨ ᠬᠡᠷᠡᠭ!》 ᠭᠡᠵᠡᠭᠡᠬᠦ ᠶᠦᠮ᠃ ᠸᠴᠢᠷᠪᠠᠲᠤ ᠰᠦᠪᠡᠭᠡ ᠲᠤᠯᠤᠨ ᠵᠣᠭᠰᠣᠵᠤ ᠶᠡᠬᠡ ᠯᠡ ᠣᠮᠣᠭᠲᠠᠢ ᠪᠠᠷ᠄
— ᠬᠥᠰᠢ! ᠨᠠᠮᠵᠢᠯ ᠠ᠋᠂ ᠲᠠᠰᠢᠭᠤᠷ ᠤ᠋ᠨ ᠪᠦᠷᠢᠶ᠎ᠡ ᠣᠨᠢᠯᠠᠬᠤ ᠭᠡᠭᠴᠢ ᠨᠠᠳᠠ ᠳ᠋ᠠᠭᠠᠨ ᠪᠣᠯ ᠨᠠᠭᠠᠳᠤᠮ! ᠡᠭᠦᠨ ᠢ᠋ ᠴᠢᠨᠢ ᠪᠢ ᠰᠣᠯᠣᠭᠠᠢ ᠭᠠᠷ ᠢ᠋ᠶ᠋ᠠᠷ ᠢ᠋ᠶ᠋ᠠᠨ ᠠᠪᠴᠢᠬᠠᠨ᠎ᠠ! ᠭᠡᠵᠦ ᠶᠡᠬᠡ ᠦᠭᠡ ᠲᠠᠯᠪᠢᠭᠰᠠᠨ ᠳ᠋ᠤ᠌ ᠴᠠᠭᠠᠨ᠎ᠠ ᠲᠠᠰᠢᠭᠤᠷ ᠤ᠋ᠨ ᠪᠦᠷᠢᠶ᠎ᠡ ᠭᠣᠵᠣᠯᠵᠠᠭᠤᠯᠵᠤ ᠵᠣᠭᠰᠣᠭᠰᠠᠨ ᠰᠣᠯᠣᠭᠠᠢ ᠨᠠᠮᠵᠢᠯ᠄
— ᠴᠢ ᠮᠢᠨᠢ ᠲᠡᠭᠡᠬᠦ ᠪᠡᠨ ᠪᠠᠢᠭ! ᠰᠣᠯᠣᠭᠠᠢ ᠮᠤᠯᠤᠭᠠᠢ ᠭᠠᠷ ᠢ᠋ᠶ᠋ᠠᠷ ᠢ᠋ᠶ᠋ᠠᠨ ᠮᠠᠶᠢᠭᠯᠠᠬᠤ ᠪᠠᠨ ᠠᠶᠠᠳ᠂ ᠬᠡᠯᠲᠦᠰᠬᠢᠪᠡᠯ ᠨᠢᠳᠦ ᠦᠭᠡᠢ ᠰᠤᠮᠤᠨ ᠳ᠋ᠤ᠌ ᠮᠠᠮᠠ ᠴᠢᠨᠢ ᠣᠨᠣᠭᠳᠠᠪᠠᠯ ᠠᠮᠢ ᠬᠠᠢᠷᠠᠨ ᠰᠢᠦ! ᠭᠡᠵᠦ ᠰᠠᠨᠳᠤᠷᠤᠨ ᠬᠡᠯᠡᠭᠰᠡᠨ ᠳ᠋ᠦ᠍ ᠸᠴᠢᠷᠪᠠᠲᠤ ᠬᠠᠭ ᠬᠠᠭ ᠢᠨᠢᠶᠡᠵᠦ᠄
— ᠠᠮᠢᠨ ᠳ᠋ᠠᠭᠠᠨ ᠬᠠᠢᠷᠠᠲᠠᠢ ᠠᠶᠤᠮᠠᠲᠠᠭᠠᠢ ᠮᠠᠭᠤ ᠵᠣᠯᠢᠭ ᠴᠢ! ᠨᠠᠮᠵᠢᠯ ᠠ᠋᠂ ᠲᠡᠭᠡᠪᠡᠯ ᠴᠢ ᠨᠢᠭᠡ ᠡᠭᠡᠷᠡᠭᠦᠯ ᠣᠯᠵᠤ ᠠᠪᠴᠢᠷᠠᠨ ᠤᠲᠠᠰᠤ ᠡᠭᠡᠷᠡᠭᠡᠳ ᠵᠣᠭᠰᠣᠵᠤ ᠪᠠᠢ! ᠪᠢ ᠥᠨᠥᠬᠢ ᠡᠷᠭᠢᠯᠳᠦᠭᠰᠡᠨ ᠡᠭᠡᠷᠡᠭᠦᠯ ᠦ᠋ᠨ ᠨᠠᠷᠢᠬᠠᠨ ᠨᠣᠣᠰᠣᠨ ᠤᠲᠠᠰᠤ ᠶ᠋ᠢ ᠲᠠᠰᠤ ᠫᠤᠤᠳᠠᠴᠢᠬᠠᠶᠠ! ᠭᠡᠳ ᠠᠬᠤᠷ ᠫᠤᠤ ᠪᠠᠨ ᠵᠠᠮᠤᠭᠯᠠᠨᠠ᠃
— ᠯᠠᠮᠠ ᠭᠤᠷᠪᠠᠨ ᠡᠷᠳᠡᠨᠢ ᠮᠢᠨᠢ ᠠ᠋! ᠡᠨᠡ ᠴᠤ᠌ ᠨᠢᠭᠡ ᠠᠷᠠᠰᠤᠨ ᠳ᠋ᠠᠭᠠᠨ ᠪᠠᠬᠳᠠᠮᠠ ᠦᠭᠡᠢ ᠪᠦᠳᠦᠭᠦᠨ ᠦᠭᠡ ᠲᠠᠯᠪᠢᠴᠢᠬᠠᠯ᠎ᠠ ᠳᠠ ᠬᠦ!
— ᠴᠣᠬᠣᠮ ᠶᠠᠭᠠᠬᠢᠳᠠᠭ ᠪᠣᠯ? ᠡᠭᠡᠷᠡᠭᠦᠯ ᠦ᠋ᠨ ᠤᠲᠠᠰᠤ ᠶ᠋ᠢ ᠵᠣᠯ ᠢ᠋ᠶ᠋ᠠᠷ ᠣᠨᠣᠴᠢᠬᠠᠪᠠᠯ ᠴᠤ᠌ ᠶᠠᠭᠠᠬᠢᠬᠤ ᠪᠣᠢ! ᠸᠴᠢᠷᠪᠠᠲᠤ ᠦᠨᠡᠬᠡᠷ ᠠᠮᠠᠷ ᠦᠭᠡᠢ᠃ ᠶᠣᠰᠣᠲᠠᠢ ᠴᠡᠴᠡᠨ ᠬᠠᠷᠪᠤᠭᠠᠴᠢ ᠭᠡᠵᠦ ᠣᠯᠠᠨ ᠪᠦᠭᠦᠳᠡ ᠱᠠᠭᠰᠢᠭᠠᠳ ᠥᠩᠭᠡᠷᠡᠨ᠎ᠡ᠃
ᠵᠠᠶᠠᠭ᠎ᠠ ᠨᠢ ᠬᠠᠵᠠᠢᠭᠠᠳ ᠵᠢᠭᠠᠬᠠᠨ ᠥᠨᠥᠬᠢ ᠶ᠋ᠢ ᠤᠨᠤᠳᠠᠭ ᠦᠭᠡᠢ ᠴᠤ᠌ ᠪᠣᠯ ᠬᠠᠷᠢᠨ ᠰᠢᠳᠢ ᠪᠡᠨ ᠦᠵᠡᠭᠦᠯᠦᠨ᠎ᠡ ᠭᠡᠳ ᠰᠢᠪᠰᠢᠭ ᠢ᠋ᠶ᠋ᠡᠨ ᠭᠣᠭᠣᠵᠢᠭᠤᠯᠵᠤ ᠣᠷᠬᠢᠨ᠎ᠠ ᠳᠠ! ᠭᠡᠵᠦ ᠬᠠᠵᠠᠭᠤ ᠶ᠋ᠢᠨ ᠬᠥᠮᠦᠰ ᠶᠠᠩᠵᠤ ᠪᠠᠷ ᠬᠡᠯᠡᠯᠴᠡᠨ᠎ᠡ᠃
ᠴᠠᠭᠠᠨ᠎ᠠ ᠡᠭᠡᠷᠡᠭᠦᠯ ᠡᠷᠭᠢᠯᠳᠦᠭᠦᠯᠵᠦ ᠵᠣᠭᠰᠣᠭᠰᠠᠨ ᠰᠣᠯᠣᠭᠠᠢ ᠨᠠᠮᠵᠢᠯ ᠰᠠᠨᠳᠤᠷᠴᠤ᠄
— ᠸᠴᠢᠷᠪᠠᠲᠤ ᠭᠤᠸᠠᠢ! ᠶᠠᠭᠠᠬᠢᠪᠠ? ᠬᠤᠷᠳᠤᠨ ᠫᠤᠤᠳᠠᠨ᠎ᠠ ᠪᠢᠵᠡ᠂ ᠤᠨᠤᠬᠤ ᠦᠭᠡᠢ ᠡᠴᠡ ᠠᠶᠤᠵᠤ ᠪᠠᠢᠨ᠎ᠠ ᠤᠤ? ᠭᠡᠵᠦ ᠬᠣᠷᠣ ᠶ᠋ᠢ ᠨᠢ ᠮᠠᠯᠲᠠᠭᠰᠠᠨ ᠳ᠋ᠤ᠌ ᠸᠴᠢᠷᠪᠠᠲᠤ᠄
— ᠰᠣᠯᠣᠭᠠᠢ ᠨᠠᠮᠵᠢᠯ ᠴᠢ ᠲᠣᠮᠣᠭᠠᠲᠠᠢ ᠵᠣᠭᠰᠣᠵᠤ ᠪᠠᠢ! ᠬᠡᠷᠡᠭ ᠦᠭᠡᠢ ᠶᠠᠭᠤᠮ᠎ᠠ ᠶᠠᠷᠢᠵᠤ ᠪᠠᠢᠭᠠᠳ ᠬᠤᠷᠤᠭᠤ ᠪᠠᠨ ᠲᠠᠰᠤ ᠫᠤᠤᠳᠠᠭᠤᠯᠬᠤ ᠠ᠋ᠴᠠ ᠬᠡᠷᠰᠡᠦᠯᠡ! ᠭᠡᠳ ᠰᠣᠯᠣᠭᠠᠢ ᠨᠠᠮᠵᠢᠯ ᠤ᠋ᠨ ᠭᠠᠷ ᠲᠤ ᠡᠷᠭᠢᠯᠳᠦᠭᠰᠡᠨ ᠡᠭᠡᠷᠡᠭᠦᠯ ᠦ᠋ᠨ ᠤᠲᠠᠰᠤ ᠶ᠋ᠢ ᠣᠨᠢᠯᠠᠵᠤ ᠪᠠᠢᠭᠰᠠᠨ ᠢ᠋ᠶ᠋ᠠᠨ《ᠳᠠᠩ》 ᠭᠡᠬᠦ ᠳᠠᠭᠤᠨ ᠳ᠋ᠤ᠌ ᠨᠠᠷᠢᠬᠠᠨ ᠨᠣᠣᠰᠣᠨ ᠤᠲᠠᠰᠤ ᠲᠠᠰᠤ ᠣᠴᠢᠵᠤ᠂ ᠡᠷᠭᠢᠯᠳᠦᠭᠰᠡᠨ ᠡᠭᠡᠷᠡᠭᠦᠯ ᠦ᠋ᠨ ᠲᠣᠯᠣᠭᠠᠢ ᠭᠠᠵᠠᠷ ᠣᠢᠴᠢᠪᠠ᠃《ᠬᠥᠶᠢ! ᠵᠠ᠂》 ᠭᠡᠵᠦ ᠬᠣᠮᠣᠷᠢᠯᠳᠤᠭᠰᠠᠨ ᠬᠥᠮᠦᠰ ᠱᠤᠤᠭᠢᠯᠳᠤᠭᠰᠠᠨ ᠳ᠋ᠤ᠌ ᠵᠣᠳᠪᠠ ᠮᠡᠢᠷᠡᠨ᠄
— ᠡᠴᠦᠰ ᠦ᠋ᠨ ᠡᠴᠦᠰ ᠲᠦ᠍ ᠬᠠᠭᠤᠴᠢᠨ ᠫᠤᠤ ᠶ᠋ᠢᠨ ᠬᠤᠭᠤᠷᠬᠠᠢ ᠭᠡᠳᠡᠭ ᠴᠠᠭᠠᠨ᠎ᠠ ᠪᠠᠨ ᠣᠨᠳᠣᠣ ᠶᠤᠮ ᠠ᠋! ᠠᠷᠭ᠎ᠠ ᠴᠤ᠌ ᠦᠭᠡᠢ ᠳᠡ!᠁ ᠭᠡᠰᠡᠨ ᠳ᠋ᠦ᠍ ᠰᠤᠷ ᠬᠠᠷᠪᠤᠯᠭ᠎ᠠ ᠶ᠋ᠢᠨ ᠲᠠᠯᠠᠪᠤᠷ ᠲᠠᠬᠢ ᠬᠥᠮᠦᠰ ᠦ᠋ᠨ ᠪᠢᠰᠢᠷᠡᠭᠰᠡᠨ ᠨᠢᠳᠦ ᠸᠴᠢᠷᠪᠠᠲᠤ ᠭᠠᠩᠰᠦᠢ᠍ᠬᠡ ᠬᠣᠶᠠᠷ ᠢ᠋ ᠬᠠᠢᠷ᠎ᠠ ᠪᠠᠷ ᠪᠦᠪᠡᠢᠯᠡᠵᠦ ᠪᠠᠢᠯ᠎ᠠ᠁
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ
