ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ05Юан улсын дээд нийслэл шант
ᠲᠠᠪᠤ ᠶᠤᠸᠠᠨ ᠤᠯᠤᠰ ᠤ᠋ᠨ ᠠᠵᠤ ᠠᠬᠤᠢ
ᠮᠠᠯᠵᠢᠯ
ᠪᠡᠯᠴᠢᠭᠡᠷ ᠨᠡᠭᠡᠭᠡᠵᠦ ᠮᠠᠯ ᠰᠦᠷᠦᠭ ᠢ᠋ ᠲᠡᠵᠢᠭᠡᠨ ᠦᠷᠡᠵᠢᠭᠦᠯᠬᠦ ᠶᠠᠪᠤᠳᠠᠯ ᠢ᠋ ᠥᠷᠭᠡᠳᠬᠡᠬᠦ᠂ ᠢᠯᠠᠩᠭᠤᠶ᠎ᠠ ᠠᠳᠤᠭᠤᠨ ᠰᠦᠷᠦᠭ ᠢ᠋ ᠥᠰᠬᠡᠨ ᠦᠷᠡᠵᠢᠭᠦᠯᠬᠦ ᠨᠢ ᠮᠣᠩᠭᠣᠯ ᠶᠤᠸᠠᠨ ᠤᠯᠤᠰ ᠤ᠋ᠨ ᠠᠪᠴᠤ ᠪᠠᠢᠭᠰᠠᠨ ᠲᠤᠤᠱᠲᠠᠢ ᠲᠥᠷᠥ ᠶ᠋ᠢᠨ ᠪᠣᠳᠣᠯᠭ᠎ᠠ ᠮᠥᠨ᠃ᠲᠠᠪᠤᠨ ᠬᠣᠰᠢᠭᠤ ᠮᠠᠯ ᠤ᠋ᠨ ᠠᠰᠢᠭ ᠰᠢᠮ᠎ᠡ ᠪᠡᠷ ᠠᠮᠢᠳᠤᠷᠠᠯ ᠤ᠋ᠨ ᠢ᠋ᠶ᠋ᠠᠨ ᠭᠣᠣᠯ ᠢᠷᠡᠯᠲᠡ ᠪᠣᠯᠭᠠᠭᠰᠠᠭᠠᠷ ᠢᠷᠡᠭᠰᠡᠨ ᠮᠣᠩᠭᠣᠯᠴᠤᠳ᠂ᠶᠤᠸᠠᠨ ᠤᠯᠤᠰ ᠤ᠋ᠨ ᠦᠶ᠎ᠡ ᠪᠣᠯᠬᠤ ᠳ᠋ᠤ᠌ ᠮᠠᠯ ᠰᠦᠷᠦᠭ ᠦ᠋ᠨ ᠡᠵᠡᠩᠨᠡᠯᠲᠡ ᠶ᠋ᠢᠨ ᠬᠡᠯᠪᠡᠷᠢ ᠳ᠋ᠦ᠍ ᠠᠯᠪᠠᠨ ᠤ᠋ ᠮᠠᠯᠵᠢᠯ ᠤ᠋ᠨ ᠲᠠᠯᠠᠪᠠᠢ ᠪᠠᠢᠭᠤᠯᠵᠤ ᠡᠵᠡᠩᠨᠡᠨ ᠬᠠᠮᠢᠶᠠᠷᠴᠤ ᠳᠡᠭᠡᠳᠦ ᠬᠡᠮᠵᠢᠶ᠎ᠡ ᠪᠡᠷ ᠬᠥᠭᠵᠢᠭᠰᠡᠨ ᠬᠡᠯᠪᠡᠷᠢ ᠳ᠋ᠦ᠍ ᠣᠷᠣᠪᠠ᠃ᠶᠤᠸᠠᠨ ᠤᠯᠤᠰ ᠤ᠋ᠨ ᠵᠠᠰᠠᠭ ᠤ᠋ᠨ ᠣᠷᠳᠣᠨ ᠨᠢ ᠮᠠᠯ ᠠᠵᠤ ᠠᠬᠤᠢ ᠶ᠋ᠢ ᠲᠤᠰᠬᠠᠢᠯᠠᠨ ᠬᠠᠮᠢᠶᠠᠷᠬᠤ ᠠᠳᠤᠭᠤᠨ ᠤ᠋ ᠶᠠᠮᠤᠨ ᠵᠡᠷᠭᠡ ᠪᠠᠢᠭᠤᠯᠤᠮᠵᠢ ᠭᠠᠷᠭᠠᠵᠤ ᠲᠡᠭᠦᠨ ᠦ᠌ ᠳᠣᠣᠷ᠎ᠠ ᠪᠦᠬᠦ ᠤᠯᠤᠰ ᠤ᠋ᠨ ᠴᠢᠨᠠᠷᠲᠠᠢ ᠠᠷᠪᠠᠨ ᠳᠥᠷᠪᠡᠨ ᠰᠠᠭᠤᠷᠢ ᠠᠯᠪᠠᠨ ᠤ᠋ ᠮᠠᠯᠵᠢᠯ ᠤ᠋ᠨ ᠲᠠᠯᠠᠪᠠᠢ ᠪᠠᠢᠭᠤᠯᠤᠭᠰᠠᠨ ᠶᠤᠮ᠃ᠠᠯᠪᠠᠨ ᠤ᠋ ᠮᠠᠯᠵᠢᠯ ᠤ᠋ᠨ ᠲᠠᠯᠠᠪᠠᠢ ᠨᠢ ᠳᠡᠭᠡᠳᠦ ᠨᠡᠢᠰᠯᠡᠯ ᠱᠠᠩᠳᠤ᠂ᠶᠡᠬᠡ ᠨᠡᠢᠰᠯᠡᠯ ᠳᠠᠢᠳᠤ ᠠ᠋ᠴᠠ ᠠᠪᠤᠭᠠᠳ ᠣᠨᠢᠪᠠᠷ᠂ᠵᠢᠷᠠᠨ ᠬᠡᠳᠡᠢᠷ ᠬᠦᠷᠲᠡᠯᠡᠬᠢ ᠤᠰᠤ ᠪᠡᠯᠴᠢᠭᠡᠷ ᠰᠠᠢᠲᠠᠢ ᠨᠤᠲᠤᠭ ᠢ᠋ ᠰᠣᠩᠭᠣᠨ ᠭᠠᠷᠭᠠᠭᠰᠠᠨ ᠶᠤᠮ᠃ᠰᠤᠳᠤᠷ ᠲᠡᠦᠬᠡ ᠳ᠋ᠦ᠍ ᠲᠡᠮᠳᠡᠭᠯᠡᠭᠰᠡᠨ ᠢ᠋ ᠦᠨᠳᠦᠰᠦᠯᠡᠪᠡᠯ ᠲᠤᠬᠠᠢ ᠶ᠋ᠢᠨ ᠦᠶᠡᠰ ᠭᠠᠨᠰᠦ᠂ᠲᠥᠪᠡᠳ᠂ᠶᠦᠨᠨᠠᠨ᠂ᠯᠦ᠍ ᠵᠧᠦ᠂ᠾᠧ ᠰᠢ᠂ᠢᠰᠢᠪᠥ᠋ᠰᠡ᠂ ᠬᠣᠷᠢ᠂ᠲᠦᠮᠡᠳ᠂ᠬᠠᠷᠠᠬᠣᠷᠣᠮ᠂ᠤᠨᠤᠨ᠂ᠬᠡᠷᠦᠯᠦᠨ᠂ᠠᠷᠤ ᠬᠤᠮᠠᠬᠢ᠂ᠬᠠᠷᠠᠮᠦ᠋ᠷᠡᠨ᠂ᠢᠬᠢᠷᠡᠰ᠂ᠢᠰᠬᠤᠴᠠ᠂ᠴᠠᠩᠭᠠᠢ᠂ᠠᠴᠠ ᠲᠣᠪᠤᠬᠠᠨ᠂ᠵᠢᠷᠠᠨ ᠬᠡᠳᠡᠢᠷ᠂ᠱᠠᠩᠳᠤ᠂ᠶ᠋ᠢᠨᠱᠠᠨ ᠠ᠋ᠴᠠ ᠡᠮᠦᠨᠡᠰᠢᠬᠢ ᠭᠠᠵᠠᠷ᠂ᠮᠤᠨᠠ ᠶ᠋ᠢᠨ ᠬᠣᠰᠢᠭᠤ᠂ ᠬᠢᠷᠭᠢᠰ ᠵᠡᠷᠭᠡ ᠠᠯᠳᠠᠷᠲᠤ ᠪᠡᠯᠴᠢᠭᠡᠷ ᠦ᠋ᠳ ᠪᠠᠢᠵᠤ ᠥᠷᠭᠥᠭᠡ ᠴᠠᠭᠠᠨ ᠮᠣᠩᠭᠣᠯ ᠭᠡᠷ ᠥᠨᠳᠥᠷ ᠳᠡᠨᠵᠢᠨ ᠳ᠋ᠦ᠍ ᠴᠠᠢᠷᠠᠵᠤ᠂ᠥᠨᠢᠷ ᠥᠳᠬᠡᠨ ᠮᠠᠯ ᠰᠦᠷᠦᠭ ᠡᠪᠡᠰᠦ ᠪᠡᠯᠴᠢᠭᠡᠷ ᠲᠦ᠍ ᠠᠯᠠᠭᠯᠠᠵᠤ ᠪᠠᠢᠪᠠ᠃ᠠᠯᠪᠠᠨ ᠤ᠋ ᠮᠠᠯᠵᠢᠯ ᠤ᠋ᠨ ᠲᠠᠯᠠᠪᠠᠢ ᠨᠢ ᠤᠰᠤ ᠪᠡᠯᠴᠢᠭᠡᠷ ᠰᠠᠢᠲᠠᠢ ᠨᠤᠲᠤᠭ ᠢ᠋ ᠰᠣᠩᠭᠣᠬᠤ᠂ᠲᠠᠷᠢᠶᠠᠯᠠᠬᠤ ᠣᠷᠣᠨ ᠪᠠ ᠮᠠᠯᠵᠢᠬᠤ ᠣᠷᠣᠨ ᠢ᠋ ᠤᠶᠠᠯᠳᠤᠭᠤᠯᠬᠤ᠂ᠬᠠᠰᠢᠶ᠎ᠠ ᠰᠠᠷᠠᠪᠴᠢ ᠪᠠᠷᠢᠬᠤ ᠪᠠ ᠬᠤᠳᠳᠤᠭ ᠮᠠᠯᠲᠠᠬᠤ᠂ᠮᠠᠯᠵᠢᠯ ᠤ᠋ᠨ ᠨᠠᠷᠢᠨ ᠬᠤᠪᠢᠶᠠᠷᠢ ᠭᠠᠷᠭᠠᠵᠤ ᠭᠡᠬᠦᠤᠴᠢ᠂ᠠᠭᠳᠠᠴᠢ᠂ᠤᠨᠠᠭᠠᠴᠢ᠂ᠠᠳᠤᠭᠤᠴᠢ᠂ ᠬᠤᠨᠢᠴᠢ᠂ᠢᠮᠠᠭᠠᠴᠢ ᠢᠯᠭᠠᠪᠤᠷᠢᠯᠠᠵᠤ ᠦᠢᠯᠡᠳᠪᠦᠷᠢᠯᠡᠯ ᠦ᠋ᠨ ᠳᠠᠪᠠᠭᠤᠯᠢᠭ ᠨᠥᠬᠥᠴᠡᠯ ᠢ᠋ ᠪᠦᠷᠢᠯᠳᠦᠭᠦᠯᠦᠭᠰᠡᠨ ᠶ᠋ᠢᠡᠷ ᠮᠠᠯ ᠠᠵᠤ ᠠᠬᠤᠢ ᠶ᠋ᠢᠨ ᠬᠥᠭᠵᠢᠯᠲᠡ ᠶ᠋ᠢ ᠲᠦᠷᠭᠡᠳᠬᠡᠭᠰᠡᠨ ᠶᠦ᠍ᠮ᠃ᠲᠡᠷᠡ ᠦᠶ᠎ᠡ ᠳ᠋ᠦ᠍ ᠱᠠᠩᠳᠤ ᠬᠣᠲᠠ ᠶ᠋ᠢᠨ ᠮᠠᠯ ᠰᠦᠷᠦᠭ ᠶᠡᠬᠡᠳᠡ ᠥᠨᠢᠷ ᠥᠰᠴᠦ ᠦᠷᠡᠵᠢᠭᠡᠳ ᠠᠭᠤᠯᠠ ᠶ᠋ᠢᠨ ᠬᠢᠷ᠎ᠠ᠂ᠲᠠᠯ᠎ᠠ ᠶ᠋ᠢᠨ ᠡᠯᠢᠭᠡᠨ ᠢ᠋ᠶ᠋ᠡᠷ ᠦᠬᠡᠷ ᠬᠣᠨᠢᠳ ᠱ᠌ᠢᠷᠦ ᠰᠤᠪᠤᠳ ᠰᠠᠴᠤᠭᠰᠠᠨ ᠮᠡᠲᠦ᠂ᠥᠷᠭᠥᠭᠡ ᠲᠡᠷᠭᠡ ᠣᠳᠣᠨ ᠮᠡᠴᠢᠳ ᠲᠦᠭᠡᠭᠰᠡᠨ ᠠᠳᠠᠯᠢ ᠪᠠᠢᠭᠰᠠᠨ ᠠᠵᠢ᠃
ᠶᠤᠸᠠᠨ ᠤᠯᠤᠰ ᠤ᠋ᠨ ᠦᠶᠡᠰ ᠠᠳᠤᠭᠤ ᠠᠷᠠᠴᠢᠯᠠᠵᠤ ᠲᠡᠵᠢᠭᠡᠬᠦ ᠠᠯᠪᠠᠨ ᠠᠵᠢᠯ ᠢ᠋ ᠠᠯᠬᠤᠮ ᠠᠯᠬᠤᠮ ᠢ᠋ᠶ᠋ᠠᠷ ᠲᠡᠭᠦᠯᠳᠡᠷᠵᠢᠭᠦᠯᠦᠭᠰᠡᠨ ᠶᠦ᠍ᠮ᠃ᠵᠦᠩ ᠲᠦᠩ ᠦ᠋ᠨ ᠳᠥᠷᠪᠡᠳᠦᠭᠡᠷ ᠣᠨ(1263ᠣᠨ) ᠳ᠋ᠤ᠌ ᠬᠤᠪᠢᠯᠠᠢ ᠬᠠᠭᠠᠨ ᠠᠳᠤᠭᠤᠨ ᠰᠦᠷᠦᠭ ᠦ᠋ᠨ ᠵᠠᠬᠢᠷᠭ᠎ᠠ ᠶ᠋ᠢ ᠠᠩᠬ᠎ᠠ ᠪᠠᠢᠭᠤᠯᠵᠤ ᠳᠡᠭᠡᠳᠦ ᠣᠷᠳᠣᠨ ᠤ᠋ ᠶᠠᠮᠤᠨ ᠳ᠋ᠤ᠌ ᠬᠠᠷᠢᠶᠠᠯᠠᠭᠤᠯᠤᠭᠠᠳ ᠠᠳᠤᠭᠤ ᠮᠠᠯᠵᠢᠬᠤ ᠪᠠ ᠬᠠᠭᠠᠨ ᠣᠷᠳᠣᠨ ᠤ᠋ ᠡᠮᠡᠭᠡᠯ ᠬᠠᠵᠠᠭᠠᠷ ᠪᠡᠯᠡᠳᠬᠡᠬᠦ ᠶᠠᠪᠤᠳᠠᠯ ᠢ᠋ ᠬᠠᠮᠢᠶᠠᠷᠤᠭᠤᠯᠪᠠ ᠃ᠵᠠᠯᠭᠠᠭᠠᠳ ᠶᠡᠬᠡ ᠣᠷᠳᠣᠨ ᠤ᠋ ᠤᠨᠤᠭ᠎ᠠ ᠬᠥᠰᠬᠡ ᠬᠠᠮᠢᠶᠠᠷᠬᠤ ᠬᠡᠯᠲᠡᠰ᠂ᠠᠳᠤᠭᠤᠨ ᠰᠦᠷᠦᠭ ᠦ᠋ᠨ ᠲᠡᠵᠢᠭᠡᠯ ᠡᠪᠡᠰᠦ ᠵᠥᠭᠡᠭᠡᠪᠦᠷᠢᠯᠡᠬᠦ ᠶᠡᠷᠦᠩᠬᠡᠢ ᠬᠡᠯᠲᠡᠰ ᠢ᠋ ᠪᠠᠢᠭᠤᠯᠤᠭᠰᠠᠨ ᠪᠠᠢᠵᠠᠢ᠃ᠪᠠᠰᠠ《ᠦᠨ᠎ᠡ ᠥᠭᠴᠦ ᠮᠣᠷᠢ ᠠᠪᠬᠤ》ᠳᠦᠷᠢᠮ᠂《ᠮᠣᠷᠢ ᠲᠠᠲᠠᠬᠤ》 ᠳᠦᠷᠢᠮ ᠢ᠋ ᠲᠣᠭᠲᠠᠭᠠᠭᠰᠠᠨ ᠶᠤᠮ᠃
《ᠶᠤᠸᠠᠨ ᠤᠯᠤᠰ ᠤ᠋ᠨ ᠲᠡᠦᠬᠡ᠂ᠴᠡᠷᠢᠭ ᠤᠨ ᠲᠡᠮᠳᠡᠭᠯᠡᠯ》 ᠳ᠋ᠦ᠍ ᠪᠠᠰᠠ《ᠠᠳᠤᠭᠤ ᠪᠣᠯᠪᠠᠰᠤ ᠮᠢᠩᠭ᠎ᠠ᠂ᠵᠠᠭᠤ ᠪᠤᠶᠤ ᠳᠥᠴᠢ ᠲᠠᠪᠢ ᠪᠠᠷ ᠰᠦᠷᠦᠭᠯᠡᠮᠦᠢ᠃ᠲᠡᠭᠦᠨ ᠦ᠌ ᠵᠡᠭᠦᠨ ᠲᠠᠰᠢᠶᠠᠨ ᠳ᠋ᠤᠷ ᠨᠢᠭᠡᠨ ᠠᠳᠠᠯᠢ ᠠᠯᠪᠠᠨ ᠲᠠᠮᠠᠭ᠎ᠠ ᠳᠠᠷᠤᠭᠰᠠᠨ ᠲᠤᠯᠠ ᠶᠡᠬᠡ ᠲᠠᠮᠠᠭᠠᠲᠤ ᠠᠳᠤᠭᠤ ᠬᠡᠮᠡᠮᠦᠢ》 ᠭᠡᠵᠡᠢ᠃
ᠶᠤᠸᠠᠨ ᠤᠯᠤᠰ ᠤ᠋ᠨ ᠦᠶ᠎ᠡ ᠳ᠋ᠦ᠍ ᠮᠠᠯ ᠤ᠋ᠨ ᠡᠭᠦᠯᠳᠡᠷ ᠤᠭᠰᠠᠭ᠎ᠠ ᠶ᠋ᠢ ᠰᠢᠯᠢᠳᠡᠭᠵᠢᠭᠦᠯᠬᠦ ᠶ᠋ᠢ ᠡᠷᠬᠢᠮᠯᠡᠵᠦ ᠦᠷ᠎ᠡ ᠶ᠋ᠢᠨ ᠮᠠᠯ ᠢ᠋ ᠰᠣᠩᠭᠣᠵᠤ ᠲᠠᠯᠪᠢᠬᠤ ᠠᠯᠤᠰ ᠬᠣᠯᠠ ᠬᠠᠷᠢ ᠨᠤᠲᠤᠭ ᠤ᠋ᠨ ᠰᠢᠨ᠎ᠡ ᠰᠢᠨ᠎ᠡ ᠮᠠᠯ ᠤ᠋ᠨ ᠡᠭᠦᠯᠳᠡᠷ ᠢ᠋ ᠠᠪᠴᠢᠷᠠᠬᠤ ᠦᠢᠯᠡᠳᠪᠦᠷᠢᠯᠡᠯ ᠦ᠋ᠨ ᠰᠢᠨ᠎ᠡ ᠮᠡᠷᠭᠡᠵᠢᠯ ᠲᠤᠷᠰᠢᠯᠭ᠎ᠠ ᠶ᠋ᠢ ᠰᠤᠷᠬᠤ ᠠᠵᠢᠯ ᠢ᠋ ᠥᠷᠨᠢᠭᠦᠯᠵᠦ ᠪᠠᠢᠵᠠᠢ᠃ᠣᠯᠠᠨ ᠰᠠᠢᠨ ᠠᠭᠲᠠ ᠮᠣᠷᠢᠨ ᠠ᠋ᠴᠠ ᠠᠯᠢ ᠰᠠᠢᠨ ᠢ᠋ ᠠᠨᠤ ᠰᠣᠩᠭᠣᠨ ᠠᠵᠢᠷᠭ᠎ᠠ ᠲᠠᠯᠪᠢᠬᠤ ᠪᠤᠰᠤᠳ ᠢ᠋ ᠠᠨᠤ ᠴᠥᠮ ᠠᠭᠳᠠᠯᠠᠮᠤᠢ᠃ᠮᠠᠯᠴᠢᠳ ᠮᠠᠯ ᠠᠭᠳᠠᠯᠠᠵᠤ ᠴᠠᠭᠠᠯᠠᠬᠤ ᠳ᠋ᠤ᠌ ᠶᠡᠬᠡ ᠴᠢᠳᠠᠮᠠᠭᠠᠢ ᠪᠣᠯᠪᠠᠰᠤᠷᠠᠩᠭᠤᠢ ᠮᠡᠷᠭᠡᠵᠢᠯ ᠲᠡᠢ ᠪᠠᠢᠯ᠎ᠠ᠃ᠡᠯ᠎ᠡ ᠭᠠᠵᠠᠷ ᠠ᠋ᠴᠠ ᠰᠢᠯᠢᠨ ᠰᠣᠩᠭᠣᠭᠰᠠᠨ ᠬᠥᠮᠦᠰ ᠢ᠋ ᠠᠯᠪᠠᠨ ᠤ᠋ ᠮᠠᠯᠵᠢᠯ ᠤ᠋ᠨ ᠲᠠᠯᠠᠪᠠᠢ ᠳ᠋ᠤ᠌ ᠢᠯᠡᠬᠡᠨ ᠮᠠᠯ ᠬᠠᠷᠢᠭᠤᠯᠤᠭᠴᠢ ᠪᠤᠶᠤ ᠤᠯᠠᠮ ᠢ᠋ᠶ᠋ᠠᠷ ᠬᠠᠭᠠᠨ ᠣᠷᠳᠣᠨ ᠤ᠋ ᠮᠠᠯ ᠰᠦᠷᠦᠭ ᠢ᠋ ᠬᠠᠮᠢᠶᠠᠷᠬᠤ ᠠᠯᠪᠠᠨ ᠲᠤᠰᠢᠶᠠᠯᠲᠠᠨ ᠪᠣᠯᠭᠠᠳᠠᠭ ᠴᠤ᠌ ᠪᠠᠢᠪᠠ᠃ᠰᠤᠷᠪᠤᠯᠵᠢ ᠲᠡᠦᠬᠡ ᠳ᠋ᠦ᠍ ᠲᠡᠮᠳᠡᠭᠯᠡᠭᠰᠡᠨ ᠢ᠋ ᠦᠨᠳᠦᠰᠦᠯᠡᠪᠡᠯ ᠬᠢᠪᠴᠠᠭᠴᠤᠳ ᠠ᠋ᠴᠠ ᠬᠡᠰᠡᠭ ᠬᠥᠮᠦᠰ ᠢ᠋ ᠰᠢᠯᠢᠨ ᠠᠪᠴᠤ ᠬᠠᠭᠠᠨ ᠡᠵᠡᠨ ᠦ᠌ ᠮᠠᠯ ᠤ᠋ᠨ ᠪᠡᠯᠴᠢᠭᠡᠷ ᠲᠦ᠍ ᠢᠯᠡᠬᠡᠨ ᠮᠠᠯ ᠬᠠᠷᠢᠭᠤᠯᠤᠭᠴᠢ ᠪᠣᠯᠭᠠᠵᠤ ᠬᠠᠷᠠᠴᠢᠨ ᠭᠡᠵᠦ ᠳᠠᠭᠤᠳᠠᠳᠠᠭ ᠪᠠᠢᠭᠰᠠᠨ ᠢ᠋ ᠲᠡᠮᠳᠡᠭᠯᠡᠭᠰᠡᠨ ᠪᠥᠭᠡᠳ ᠪᠠᠰᠠ ᠲᠡᠳᠡᠨ ᠦ᠌ ᠳᠣᠲᠣᠷᠠᠬᠢ ᠴᠢᠳᠠᠪᠤᠷᠢᠲᠠᠨ ᠢ᠋ ᠰᠢᠯᠢᠨ ᠳᠡᠪᠰᠢᠭᠦᠯᠵᠦ ᠬᠠᠭᠠᠨ ᠣᠷᠳᠣᠨ ᠤ᠋ ᠮᠠᠯ ᠰᠦᠷᠦᠭ ᠢ᠋ ᠬᠠᠮᠢᠶᠠᠷᠬᠤ ᠠᠯᠪᠠᠨ ᠲᠦᠰᠢᠮᠡᠯ ᠪᠣᠯᠭᠠᠭᠰᠠᠨ ᠵᠢᠱ᠌ᠢᠶ᠎ᠡ ᠶ᠋ᠢ ᠳᠤᠷᠠᠳᠤᠨ ᠲᠡᠮᠳᠡᠭᠯᠡᠭᠰᠡᠨ ᠪᠢᠯᠡ᠃ᠮᠠᠯ ᠰᠦᠷᠦᠭ ᠦ᠋ᠨ ᠤᠰᠤ ᠪᠡᠯᠴᠢᠭᠡᠷ ᠢ᠋ ᠰᠡᠯᠭᠦᠨ ᠲᠣᠬᠢᠷᠠᠭᠤᠯᠵᠤ ᠵᠤᠨ ᠤ᠋ ᠤᠯᠠᠷᠢᠯ ᠠ᠋ᠴᠠ ᠡᠪᠦᠯ ᠦ᠋ᠨ ᠤᠯᠠᠷᠢᠯ ᠪᠣᠯᠲᠠᠯ᠎ᠠ ᠭᠠᠵᠠᠷ ᠨᠤᠲᠤᠭ ᠤ᠋ᠨ ᠲᠣᠬᠢᠷᠠᠮᠵᠢᠲᠠᠢ ᠶ᠋ᠢ ᠦᠵᠡᠵᠦ ᠤᠰᠤᠨ ᠤ᠋ ᠲᠤᠩᠭᠠᠯᠠᠭ ᠡᠪᠡᠰᠦᠨ ᠦ᠌ ᠰᠣᠷᠭᠣᠭ ᠢ᠋ ᠲᠠᠭᠠᠨ ᠨᠡᠭᠦᠳᠡᠯᠯᠡᠵᠦ ᠠᠷᠪᠠᠳᠤᠭᠠᠷ ᠰᠠᠷ᠎ᠠ ᠪᠣᠯᠤᠭᠰᠠᠨ ᠬᠣᠢᠨ᠎ᠠ ᠰᠠᠶᠢ ᠥᠪᠡᠷ ᠥᠪᠡᠷ ᠦ᠋ᠨ ᠨᠤᠲᠤᠭ ᠲᠠᠭᠠᠨ ᠪᠤᠴᠠᠳᠠᠭ ᠶᠤᠮ᠃ᠬᠠᠪᠤᠷ ᠳᠤᠯᠠᠭᠠᠨ᠂ᠵᠤᠨ ᠰᠡᠷᠢᠭᠦᠨ᠂ᠡᠪᠦᠯ ᠨᠥᠮᠥᠷᠢ ᠲᠡᠢ ᠭᠠᠵᠠᠷ ᠰᠣᠩᠭᠣᠨ ᠮᠠᠯᠵᠢᠳᠠᠭ᠃ᠰᠠᠷ᠎ᠠ ᠰᠠᠷ᠎ᠠ ᠶ᠋ᠢᠨ ᠪᠠᠷᠰ ᠡᠳᠦᠷ ᠠᠳᠤᠭᠤᠨ ᠳ᠋ᠤ᠌ ᠳᠠᠪᠤᠰᠤ ᠳᠣᠯᠢᠶᠠᠯᠭᠠᠨ ᠲᠠᠮᠢᠷ ᠠᠪᠤᠭᠤᠯᠳᠠᠭ ᠪᠤᠶᠤ᠃ᠪᠠᠰᠠ ᠭᠣᠪᠢ ᠶ᠋ᠢᠨ ᠠᠷᠤ ᠥᠪᠥᠷ ᠲᠦ᠍ ᠲᠡᠮᠡᠭᠡ ᠭᠠᠷᠰᠢᠭᠤᠯᠤᠨ ᠮᠠᠯᠵᠢᠵᠤ ᠣᠯᠠᠨ ᠲᠣᠭ᠎ᠠ ᠪᠠᠷ ᠥᠰᠬᠡᠨ᠂ᠤᠨᠤᠯᠭ᠎ᠠ᠂ᠲᠡᠭᠡᠭᠡᠪᠦᠷᠢ᠂ᠠᠴᠢᠯᠭ᠎ᠠ ᠳ᠋ᠤ᠌ ᠠᠰᠢᠭᠯᠠᠵᠠᠢ᠃
ᠲᠣᠮᠣ ᠬᠡᠮᠵᠢᠶᠡᠨ ᠦ᠌ ᠮᠠᠯᠵᠢᠯ ᠤ᠋ᠨ ᠲᠠᠯᠠᠪᠠᠢ ᠪᠣᠯ ᠮᠣᠩᠭᠣᠯ ᠤ᠋ᠨ ᠶᠡᠬᠡ ᠬᠠᠭᠠᠨ ᠪᠠ ᠬᠠᠭᠠᠨ ᠤᠭᠰᠠᠭᠠᠨ ᠤ᠋ ᠢᠵᠠᠭᠤᠷᠲᠠᠳ ᠤ᠋ᠨ ᠡᠳ᠋ ᠬᠥᠷᠥᠩᠭᠡ ᠶᠦ᠍ᠮ᠃ᠲᠡᠳᠡᠨ ᠦ᠌ ᠮᠠᠯ ᠨᠢ ᠬᠣᠲᠠ ᠶ᠋ᠢᠨ ᠭᠠᠳᠠᠭᠤᠷ ᠰᠦᠷᠦᠭ ᠰᠦᠷᠦᠭ ᠢ᠋ᠶ᠋ᠡᠷ ᠪᠡᠯᠴᠢᠵᠦ ᠠᠳᠤᠭᠤ ᠦᠬᠡᠷ᠂ᠬᠣᠨᠢ ᠢᠮᠠᠭ᠎ᠠ ᠨᠢ ᠲᠦᠮᠡ ᠪᠤᠮ ᠪᠣᠯᠪᠠ᠃ᠡᠵᠡᠨ ᠬᠠᠭᠠᠨ ᠤ᠋ ᠠᠳᠤᠭᠤᠨ ᠰᠦᠷᠦᠭ ᠢ᠋ ᠬᠠᠷᠢᠭᠤᠯᠤᠭᠰᠠᠳ ᠡᠪᠦᠭᠡᠳ ᠦ᠋ᠨ ᠰᠦᠮ᠎ᠡ ᠶ᠋ᠢᠨ ᠳᠠᠢᠯᠭ᠎ᠠ ᠳ᠋ᠤ᠌ ᠣᠷᠣᠬᠤ ᠴᠡᠭᠡ᠂ᠬᠠᠭᠠᠨ ᠪᠣᠯᠤᠨ ᠣᠯᠠᠨ ᠸᠠᠩ ᠨᠣᠶᠠᠳ ᠤ᠋ᠨ ᠤᠮᠳᠠᠭᠠᠨ ᠤ᠋ ᠠᠢᠷᠠᠭ ᠢ᠋ ᠪᠡᠯᠡᠳᠬᠡᠨ ᠨᠡᠢᠯᠡᠭᠦᠯᠳᠡᠭ ᠪᠠᠢᠵᠠᠢ᠃ᠵᠤᠨ ᠤ᠋ ᠲᠡᠷᠢᠭᠦᠨ ᠰᠠᠷ᠎ᠠ ᠠ᠋ᠴᠠ ᠡᠬᠢᠯᠡᠨ ᠱᠠᠩᠳᠤ ᠬᠣᠲᠠ ᠣᠷᠴᠢᠮ ᠴᠡᠩᠮᠡ ᠪᠡᠷ ᠬᠢᠭᠰᠡᠨ ᠮᠠᠢᠬᠠᠨ ᠪᠠᠷᠢᠵᠤ᠂ᠭᠡᠭᠦᠦ ᠰᠠᠭᠠᠨ ᠠᠢᠷᠠᠭ ᠢᠰᠬᠡᠳᠡᠭ᠃ᠳᠠᠩ ᠬᠠᠷ᠎ᠠ ᠵᠢᠰᠦᠮ ᠦ᠋ᠨ ᠭᠡᠭᠦᠦ ᠪᠠᠷᠢᠵᠤ ᠠᠢᠷᠠᠭ ᠬᠢᠳᠡᠭ ᠤᠴᠢᠷ ᠠ᠋ᠴᠠ《ᠬᠠᠷ᠎ᠠ ᠰᠦ》᠂《ᠨᠠᠷᠢᠨ ᠰᠦ》ᠭᠡᠵᠦ ᠨᠡᠷᠡᠯᠡᠳᠡᠭ ᠪᠠᠢᠭᠰᠠᠨ ᠪᠥᠭᠡᠳ ᠬᠠᠷ᠎ᠠ ᠭᠡᠭᠦᠦ ᠪᠠᠷᠢᠶᠠᠴᠢᠳ ᠢ᠋ 《ᠬᠠᠷᠠᠴᠢᠨ》ᠭᠡᠳᠡᠭ ᠪᠠᠢᠵᠠᠢ᠃ᠬᠠᠭᠠᠨ ᠪᠠ ᠣᠯᠠᠨ ᠨᠣᠶᠠᠳ ᠤ᠋ᠨ ᠮᠠᠯ ᠰᠦᠷᠦᠭ ᠢ᠋ ᠬᠠᠷᠢᠭᠤᠯᠵᠤ ᠪᠠᠢᠭᠰᠠᠨ ᠮᠠᠯᠴᠢᠳ ᠰᠠᠭᠠᠯᠢ ᠶ᠋ᠢᠨ ᠮᠠᠯ ᠢ᠋ ᠨᠡᠢᠯᠡᠭᠦᠯᠬᠦ ᠡᠴᠡ ᠭᠠᠳᠠᠨ᠎ᠠ ᠪᠠᠰᠠ ᠡᠯᠳᠡᠪ ᠲᠥᠷᠥᠯ ᠦ᠋ᠨ ᠠᠯᠪᠠ ᠭᠦᠢᠴᠳᠬᠡᠳᠡᠭ ᠠᠵᠢ᠃ᠬᠠᠢᠰᠠᠩ ᠬᠠᠭᠠᠨ ᠰᠠᠭᠤᠷᠢᠨ ᠢ᠋ ᠵᠠᠯᠭᠠᠮᠵᠢᠯᠠᠨ ᠶᠡᠬᠡ ᠣᠷᠣ ᠰᠠᠭᠤᠵᠤ 7ᠡᠳᠦᠷ ᠦ᠋ᠨ ᠶᠡᠬᠡ ᠨᠠᠢᠷ ᠬᠢᠪᠡ᠃700 ᠭᠡᠭᠦᠦ᠂7000ᠬᠣᠨᠢᠨ ᠤ᠋ ᠰᠦ ᠪᠡᠷ ᠴᠡᠬᠡ ᠪᠠᠷᠢᠵᠤ ᠰᠠᠴᠤᠯᠢ ᠡᠷᠭᠦᠨ᠂ᠣᠷᠳᠣᠨ ᠤ᠋ ᠳᠡᠷᠭᠡᠳᠡ ᠰᠦ ᠰᠠᠭᠠᠯᠢ ᠶ᠋ᠢ ᠳᠠᠯᠠᠢ ᠴᠠᠯᠭᠢᠭᠤᠯᠤᠭᠰᠠᠨ ᠶᠤᠮ᠃ᠲᠤᠬᠠᠢ ᠶ᠋ᠢᠨ ᠦᠶᠡᠰ ᠲᠤᠰᠬᠠᠢᠯᠠᠨ ᠴᠡᠬᠡ ᠢᠰᠬᠡᠬᠦ ᠳ᠋ᠦ᠍ ᠵᠣᠷᠢᠭᠤᠯᠤᠭᠰᠠᠨ ᠠᠳᠤᠭᠤᠨ ᠰᠦᠷᠦᠭ ᠲᠡᠢ ᠪᠠᠢᠪᠠ᠃
ᠠᠪᠠ ᠠᠩᠨᠠᠯ
ᠠᠪᠠ ᠬᠣᠮᠣᠷᠭ᠎ᠠ ᠬᠢᠬᠦ ᠪᠣᠯ ᠮᠣᠩᠭᠣᠯ ᠣᠪᠣᠭ ᠠᠢᠮᠠᠭ ᠤ᠋ᠨ ᠨᠡᠭᠦᠳᠡᠯᠴᠢᠨ ᠮᠠᠯᠴᠢᠨ ᠤ᠋ ᠠᠵᠤ ᠠᠬᠤᠢ ᠶ᠋ᠢᠨ ᠠᠮᠢᠳᠤᠷᠠᠯ ᠤ᠋ᠨ ᠬᠢᠨᠢ ᠨᠥᠬᠥᠪᠥᠷᠢ ᠠᠷᠭ᠎ᠠ ᠪᠠᠷᠢᠯ ᠤ᠋ᠨ ᠴᠢᠬᠤᠯᠠ ᠨᠢᠭᠡ ᠲᠠᠯ᠎ᠠ ᠶᠤᠮ᠃ᠢᠯᠠᠩᠭᠤᠶ᠎ᠠ ᠣᠢ ᠶ᠋ᠢᠨ ᠢᠷᠭᠡᠳ ᠪᠣᠯ ᠭᠣᠣᠯᠳᠠᠭᠤ ᠠᠩ ᠬᠦᠷᠦᠭᠡ ᠶ᠋ᠢ ᠲᠦᠰᠢᠵᠦ ᠠᠮᠢᠳᠤᠷᠠᠯ ᠤ᠋ᠨ ᠢ᠋ᠶ᠋ᠠᠨ ᠣᠷᠣᠯᠭ᠎ᠠ ᠵᠠᠷᠤᠯᠭ᠎ᠠ ᠶ᠋ᠢ ᠰᠢᠢᠳᠪᠦᠷᠢᠯᠡᠳᠡᠭ ᠪᠠᠢᠵᠠᠢ᠃ᠮᠣᠩᠭᠣᠯ ᠤ᠋ᠨ ᠶᠡᠬᠡ ᠬᠠᠭᠠᠳ᠂ᠣᠯᠠᠨ ᠸᠠᠩ᠂ᠲᠠᠢᠵᠢ ᠢᠵᠠᠭᠤᠷᠲᠠᠨ ᠨᠠᠷ ᠪᠦᠷ ᠠᠪᠠ ᠬᠣᠮᠣᠷᠭ᠎ᠠ ᠬᠢᠬᠦ ᠳᠤᠷᠠᠲᠠᠢ ᠪᠠᠢᠭᠰᠠᠨ ᠢ᠋ᠶ᠋ᠠᠷ ᠦᠯᠦ ᠪᠠᠷᠠᠮ ᠲᠡᠳᠡᠨ ᠦ᠌ ᠬᠠᠷᠢᠶᠠᠲᠤ ᠢᠷᠭᠡᠳ ᠴᠦ᠍ ᠠᠪᠠ ᠠᠩᠨᠠᠯ ᠳ᠋ᠤ᠌ ᠲᠤᠩ ᠳᠤᠷᠠᠲᠠᠢ ᠵᠠᠪᠠᠯ ᠣᠷᠣᠯᠴᠠᠳᠠᠭ ᠪᠠᠢᠪᠠ᠃ᠨᠠᠮᠤᠷ ᠡᠪᠦᠯ ᠬᠣᠶᠠᠷ ᠤᠯᠠᠷᠢᠯ ᠪᠣᠯ ᠠᠪᠠ ᠬᠣᠮᠣᠷᠭ᠎ᠠ ᠬᠢᠬᠦ ᠭᠣᠣᠯ ᠤᠯᠠᠷᠢᠯ᠂ᠮᠠᠯᠴᠢᠳ ᠪᠠ ᠠᠩᠴᠢᠳ ᠦᠷᠭᠦᠯᠵᠢᠯᠡᠨ ᠲᠠᠪᠤ ᠵᠢᠷᠭᠤᠭᠠᠨ ᠰᠠᠷ᠎ᠠ ᠠᠪᠠ ᠬᠢᠵᠦ ᠶᠡᠬᠡ ᠬᠡᠮᠵᠢᠶᠡᠨ ᠦ᠌ ᠠᠩ ᠤ᠋ᠨ ᠠᠷᠠᠰᠤ ᠦᠰᠦ᠂ᠮᠢᠬ᠎ᠠ ᠶ᠋ᠢᠨ ᠠᠰᠢᠭ ᠣᠷᠣᠯᠭ᠎ᠠ ᠣᠯᠳᠠᠭ᠃ᠳᠠᠪᠠᠭᠠᠨ ᠤ᠋ ᠠᠷᠤ ᠪᠠᠢᠭᠠᠯ ᠨᠠᠭᠤᠷ ᠣᠷᠴᠢᠮ ᠤ᠋ᠨ ᠣᠢ ᠶ᠋ᠢᠨ ᠢᠷᠭᠡᠳ ᠠᠩ ᠠᠩᠨᠠᠬᠤ ᠪᠠᠷ ᠠᠵᠤ ᠲᠥᠷᠥᠳᠡᠭ ᠤᠴᠢᠷ ᠬᠠᠯᠢᠭᠤ ᠪᠤᠯᠠᠭ᠎ᠠ ᠶ᠋ᠢᠨ ᠦᠰᠦ ᠠᠷᠠᠰᠤ᠂ᠠᠷᠢᠶᠠᠲᠠᠨ ᠤ᠋ ᠭᠠᠷᠤᠯᠲᠠ᠂ᠬᠠᠷᠴᠠᠭᠠᠢ᠂ᠨᠠᠴᠢᠨ ᠱᠣᠩᠬᠣᠷ ᠢ᠋ᠶ᠋ᠠᠷ ᠠᠯᠪᠠ ᠪᠠᠷᠢᠵᠤ ᠭᠠᠢᠯᠢ ᠲᠤᠰᠢᠶᠠᠳᠠᠭ᠃ᠭᠠᠷᠰᠢᠭᠤᠯᠤᠭᠰᠠᠨ ᠪᠤᠭᠤ ᠪᠣᠯ ᠠᠴᠢᠶ᠎ᠠ ᠵᠥᠭᠡᠭᠡᠪᠦᠷᠢ ᠶ᠋ᠢᠨ ᠰᠠᠢᠨ ᠪᠠᠭᠠᠵᠢ ᠭᠣᠣᠯ ᠬᠥᠯᠪᠦᠷᠢ ᠪᠠᠢᠪᠠ᠃ᠠᠩᠴᠢᠨ ᠰᠢᠪᠠᠭᠤ ᠪᠠᠷ ᠠᠮᠢᠲᠠᠨ ᠪᠠᠷᠢᠭᠤᠯᠬᠤ ᠪᠣᠯ ᠠᠪᠠ ᠠᠩᠨᠠᠯ ᠤ᠋ᠨ ᠨᠢᠭᠡ ᠵᠦᠢᠯ᠃ᠶᠤᠸᠠᠨ ᠤᠯᠤᠰ ᠤ᠋ᠨ ᠦᠶ᠎ᠡ ᠳ᠋ᠦ᠍ ᠡᠮᠦᠨᠡᠲᠦ ᠣᠷᠣᠨ ᠤ᠋ ᠠᠩᠴᠢᠨ᠂ᠬᠠᠷᠴᠠᠭᠠᠢ ᠪᠦᠷᠭᠦᠳ ᠢ᠋ᠶ᠋ᠡᠷ ᠤᠰᠤᠨ ᠰᠢᠪᠠᠭᠤ ᠪᠠᠷᠢᠭᠤᠯᠬᠤ ᠠᠩ ᠢ᠋ ᠨᠡᠢᠳᠡᠮ ᠬᠢᠵᠦ ᠪᠠᠢᠪᠠ᠃ᠲᠣᠢᠬᠣᠨ ᠱᠣᠩᠬᠣᠷ᠂ᠠᠯᠲᠠᠨ ᠨᠢᠳᠦᠲᠦ ᠨᠠᠴᠢᠨ ᠪᠡᠶ᠎ᠡ ᠪᠠᠭ᠎ᠠ ᠪᠣᠯᠪᠠᠴᠤ ᠶᠡᠬᠡ ᠰᠢᠪᠠᠭᠤ ᠶ᠋ᠢ ᠳᠠᠭᠠᠷᠢᠵᠤ ᠬᠤᠨ ᠭᠠᠯᠠᠭᠤ᠂ᠬᠠᠷ᠎ᠠ ᠭᠠᠯᠠᠭᠤ᠂ᠤᠰᠤᠨ ᠳᠡᠰ ᠮᠡᠲᠦ ᠶ᠋ᠢᠨ ᠰᠢᠪᠠᠭᠤ ᠶ᠋ᠢ ᠪᠠᠷᠢᠮᠤᠢ᠃ᠦᠪᠤᠩᠳᠦ ᠬᠡᠷᠡᠮᠦᠴᠢ ᠢᠨᠤ ᠠᠷᠠᠳᠤ᠂ᠲᠠᠤᠯᠠᠢ᠂ᠦᠨᠡᠭᠡ ᠮᠡᠲᠦ ᠶ᠋ᠢᠨ ᠠᠮᠢᠲᠠᠨ ᠢ᠋ ᠪᠠᠷᠢᠮᠤᠢ᠃ᠶᠡᠬᠡ ᠬᠠᠭᠠᠨ᠂ᠣᠯᠠᠨ ᠸᠠᠩ ᠠᠪᠠ ᠬᠣᠮᠣᠷᠭ᠎ᠠ ᠬᠢᠬᠦ ᠳ᠋ᠡᠭᠡᠨ ᠪᠠᠰᠠ ᠬᠤᠷᠳᠤᠨ ᠢᠷᠪᠢᠰ ᠲᠠᠯᠪᠢᠬᠤ ᠠᠷᠭ᠎ᠠ ᠪᠠᠷ ᠬᠡᠭᠡᠷ᠎ᠡ ᠶ᠋ᠢᠨ ᠠᠷᠢᠶᠠᠲᠠᠨ ᠠᠮᠢᠲᠠᠨ ᠢ᠋ ᠪᠠᠷᠢᠭᠤᠯᠳᠠᠭ ᠪᠠᠢᠪᠠ᠃ᠠᠩ ᠤ᠋ᠨ ᠠᠮᠢᠲᠠᠨ ᠤ᠋ ᠳᠣᠲᠣᠷᠠᠬᠢ ᠬᠤᠨ ᠭᠠᠯᠠᠭᠤ ᠪᠣᠯ ᠳᠡᠭᠡᠭᠰᠢ ᠡᠷᠭᠦᠬᠦ ᠪᠠᠷᠢᠴᠠ ᠶ᠋ᠢᠨ ᠵᠦᠢᠯ ᠪᠣᠯᠬᠤ ᠲᠤᠯᠠ ᠰᠢᠪᠠᠭᠤᠴᠢ ᠨᠠᠷ ᠵᠢᠯ ᠪᠦᠷᠢ ᠭᠤᠴᠢᠭᠠᠳ ᠢᠯᠡᠭᠦᠦ ᠵᠢᠩ ᠦ᠋ᠨ ᠬᠤᠨ ᠭᠠᠯᠠᠭᠤ ᠶ᠋ᠢ ᠣᠯᠠᠨ ᠲᠣᠭ᠎ᠠ ᠪᠠᠷ ᠪᠠᠷᠢᠵᠤ ᠬᠠᠭᠠᠨ ᠤ᠋ ᠰᠠᠩ ᠳ᠋ᠤ᠌ ᠢᠳᠡᠭᠡ ᠪᠣᠯᠭᠠᠨ ᠡᠷᠭᠦᠳᠡᠭ ᠪᠠᠢᠵᠠᠢ᠃ᠬᠣᠵᠢᠮ ᠨᠢ ᠬᠤᠨ ᠭᠠᠯᠠᠭᠤ ᠶ᠋ᠢ ᠬᠡᠲᠦᠷᠬᠡᠢ ᠠᠷᠪᠢᠨ ᠠᠪᠠᠯᠠᠭᠰᠠᠨ ᠢ᠋ᠶ᠋ᠠᠷ ᠲᠣᠭ᠎ᠠ ᠨᠢ ᠲᠤᠩ ᠴᠥᠭᠡᠷᠡᠪᠡ᠃ᠴᠸᠩᠽᠥ᠋ᠩ ᠬᠠᠭᠠᠨ ᠤ᠋ ᠦᠶ᠎ᠡ ᠡᠴᠡ ᠬᠣᠢᠰᠢ ᠬᠠᠭᠠᠨ ᠣᠷᠳᠣᠨ ᠠ᠋ᠴᠠ ᠬᠤᠨ ᠭᠠᠯᠠᠭᠤ ᠶ᠋ᠢ ᠠᠪᠠᠯᠠᠵᠤ ᠪᠣᠯᠬᠤ ᠦᠭᠡᠢ ᠭᠡᠮᠡᠨ ᠣᠯᠠᠨ ᠤᠳᠠᠭ᠎ᠠ ᠵᠠᠷᠯᠢᠭ ᠪᠠᠭᠤᠯᠭᠠᠵᠤ ᠴᠠᠭᠠᠵᠠ ᠨᠡᠢᠲᠡᠯᠡᠪᠡ᠃ᠶᠤᠸᠠᠨ ᠲᠦᠩ ᠦ᠋ᠨ ᠭᠤᠷᠪᠠᠳᠤᠭᠠᠷ ᠣᠨ ᠤ᠋ ᠡᠪᠦᠯ ᠦ᠋ᠨ ᠤᠯᠠᠷᠢᠯ ᠤ᠋ᠨ ᠠᠷᠪᠠᠳᠤᠭᠠᠷ ᠰᠠᠷ᠎ᠠ ᠳ᠋ᠤ᠌ ᠬᠤᠨ ᠭᠠᠯᠠᠭᠤ ᠡᠷᠭᠦᠬᠦ ᠶ᠋ᠢ ᠲᠠᠰᠤ ᠵᠣᠭᠰᠣᠭᠠᠵᠠᠢ᠃ᠶᠤᠸᠠᠨ ᠤᠯᠤᠰ ᠤ᠋ᠨ ᠨᠡᠢᠲᠡᠯᠡᠭᠰᠡᠨ ᠠᠮᠢᠲᠠᠨ ᠢ᠋ ᠬᠠᠮᠠᠭᠠᠯᠠᠬᠤ ᠬᠠᠤᠯᠢ ᠨᠢ ᠬᠣᠢᠴᠢ ᠦᠶ᠎ᠡ ᠳ᠋ᠦ᠍ ᠢᠳᠡᠪᠬᠢ ᠠᠴᠢ ᠬᠣᠯᠪᠣᠭᠳᠠᠯ ᠲᠠᠢ ᠪᠠᠢᠵᠤ ᠣᠷᠴᠢᠨ ᠠᠬᠤᠢ ᠶ᠋ᠢᠨ ᠲᠡᠩᠴᠡᠯ ᠳ᠋ᠦ᠍ ᠴᠠᠭᠯᠠᠰᠢ ᠦᠭᠡᠢ ᠦᠢᠯᠡᠳᠦᠯ ᠦᠵᠡᠭᠦᠯᠦᠭᠰᠡᠨ ᠪᠢᠯᠡ᠃ᠶᠡᠷᠦ ᠨᠢ ᠮᠣᠩᠭᠣᠯᠴᠤᠳ ᠤ᠋ᠨ ᠠᠪᠠ ᠬᠣᠮᠣᠷᠭ᠎ᠠ ᠬᠢᠬᠦ ᠨᠢ ᠤᠯᠠᠷᠢᠯ ᠤ᠋ᠨ ᠴᠢᠨᠠᠷ ᠲᠠᠢ ᠪᠠᠢᠵᠤ ᠬᠡᠭᠡᠷ᠎ᠡ ᠶ᠋ᠢᠨ ᠠᠷᠢᠶᠠᠲᠠᠨ ᠵᠢᠭᠦᠷᠲᠡᠨ ᠦ᠌ ᠣᠷᠣᠭᠠᠨ ᠤ᠋ ᠤᠯᠠᠷᠢᠯ᠂ᠦᠷᠡᠵᠢᠯ ᠦ᠋ᠨ ᠤᠯᠠᠷᠢᠯ ᠳ᠋ᠤ᠌ ᠠᠪᠠ ᠬᠢᠳᠡᠭ ᠦᠭᠡᠢ ᠪᠤᠶᠤ ᠬᠢᠪᠡᠴᠦ ᠲᠤᠩ ᠭᠢᠷᠠᠬᠠᠢ ᠬᠢᠳᠡᠭ᠃ᠠᠪᠠᠯᠠᠬᠤ ᠦᠶᠡᠰ ᠲᠦ᠍ ᠴᠦ᠍ ᠡᠷ᠎ᠡ ᠬᠦᠢᠰᠦᠲᠡᠨ ᠢ᠋ ᠭᠣᠣᠯ ᠪᠣᠯᠭᠠᠨ ᠠᠪᠠᠯᠠᠳᠠᠭ ᠤᠯᠠᠮᠵᠢᠯᠠᠯᠲᠤ ᠵᠤᠷᠰᠢᠯ ᠲᠠᠢ ᠪᠠᠢᠭᠰᠠᠨ ᠠᠵᠢ᠃
ᠲᠠᠷᠢᠶᠠᠯᠠᠩ
ᠬᠤᠪᠢᠯᠠᠢ ᠪᠣᠯ ᠳᠤᠮᠳᠠᠳᠤ ᠤᠯᠤᠰ ᠤ᠋ᠨ ᠲᠡᠦᠬᠡᠨ ᠳᠡᠭᠡᠷ᠎ᠡ ᠴᠦ᠍ ᠲᠡᠷᠡ᠂ᠶᠤᠸᠠᠨ ᠤᠯᠤᠰ ᠤ᠋ᠨ ᠲᠡᠦᠬᠡᠨ ᠳᠡᠭᠡᠷ᠎ᠡ ᠴᠦ᠍ ᠲᠡᠷᠡ ᠲᠠᠷᠢᠶᠠᠯᠠᠩ ᠢ᠋ ᠬᠥᠭᠵᠢᠭᠦᠯᠬᠦ ᠶ᠋ᠢ ᠲᠤᠢᠯ ᠤ᠋ᠨ ᠶᠡᠬᠡ ᠪᠡᠷ ᠬᠦᠨᠳᠦᠳᠬᠡᠨ ᠦᠵᠡᠵᠦ ᠭᠠᠷᠳᠠᠨ ᠠᠳᠬᠤᠭᠰᠠᠨ ᠬᠠᠭᠠᠳ ᠤ᠋ᠨ ᠨᠢᠭᠡ ᠶᠦ᠍ᠮ᠃ᠵᠦᠩ ᠲᠦᠩ ᠦ᠋ᠨ ᠲᠠᠪᠤᠳᠤᠭᠠᠷ ᠣᠨ(1264ᠣᠨ) ᠳ᠋ᠤ᠌ 《ᠲᠠᠷᠢᠶᠠᠯᠠᠩ ᠤ᠋ᠨ ᠪᠢᠴᠢᠭ》 ᠢ᠋ ᠲᠠᠷᠬᠠᠭᠠᠨ ᠥᠭᠴᠦ ᠲᠠᠷᠢᠶᠠᠴᠢᠳ ᠤ᠋ᠨ ᠲᠠᠷᠢᠶᠠᠯᠠᠩ ᠤ᠋ᠨ ᠦᠢᠯᠡᠰ ᠢ᠋ ᠬᠥᠭᠵᠢᠭᠦᠯᠬᠦ ᠳ᠋ᠦ᠍ ᠤᠳᠤᠷᠢᠳᠤᠮᠵᠢ ᠪᠣᠯᠭᠠᠪᠠ᠃《ᠲᠠᠷᠢᠶᠠᠯᠠᠩ ᠤ᠋ᠨ ᠪᠢᠴᠢᠭ》ᠲᠦ᠍ ᠮᠠᠨ ᠤ᠋ ᠤᠯᠤᠰ ᠤ᠋ᠨ ᠤᠮᠠᠷᠠᠲᠤ ᠣᠷᠣᠨ ᠤ᠋ ᠬᠥᠳᠡᠭᠡ ᠲᠣᠰᠬᠣᠨ ᠳ᠋ᠤ᠌《ᠬᠣᠷᠰᠢᠶᠠᠯᠠᠨ ᠲᠠᠷᠢᠶᠠᠯᠠᠬᠤᠢ》 ᠶ᠋ᠢ ᠡᠷᠬᠢᠮᠯᠡᠵᠦ ᠲᠡᠮᠳᠡᠭᠯᠡᠭᠰᠡᠨ ᠶᠦ᠍ᠮ᠃ᠲᠤᠬᠠᠢ ᠶ᠋ᠢᠨ ᠦᠶᠡᠰ ᠠᠷᠪᠠᠨ ᠡᠷᠦᠬᠡ ᠨᠢᠭᠡ ᠬᠣᠷᠰᠢᠶ᠎ᠠ ᠪᠣᠯᠵᠤ ᠬᠠᠮᠲᠤ ᠪᠠᠷ ᠨᠢᠭᠡᠨ ᠡᠷᠦᠬᠡ ᠡᠴᠡ ᠡᠬᠢᠯᠡᠨ ᠲᠠᠷᠢᠶᠠᠯᠠᠨᠠᠮ᠃ ᠡᠨᠡ ᠮᠡᠲᠦ ᠪᠡᠷ ᠳᠠᠷᠠᠭᠠᠯᠠᠨ ᠲᠠᠷᠢᠬᠤ ᠪᠥᠯᠥᠭᠡ᠂ᠬᠡᠨ ᠦ᠌ ᠬᠢ ᠶ᠋ᠢ ᠲᠠᠷᠢᠬᠤ ᠪᠥᠭᠡᠰᠦ ᠲᠡᠷᠡ ᠡᠷᠦᠬᠡ ᠢᠳᠡᠭᠡᠨ ᠤᠮᠳᠠᠭᠠᠨ ᠢ᠋ ᠪᠡᠯᠡᠳᠬᠡᠨᠡᠮ᠃ᠡᠨᠡ ᠮᠡᠲᠦ ᠪᠡᠷ ᠳᠡᠰ ᠳᠠᠷᠠᠭᠠᠯᠠᠨ ᠲᠠᠷᠢᠬᠤ ᠪᠤᠶᠤ᠃ᠬᠡᠷᠪᠡ ᠠᠯᠢ ᠨᠢᠭᠡᠨ ᠡᠷᠦᠬᠡ ᠡᠪᠡᠳᠴᠢᠨ ᠲᠡᠢ ᠪᠣᠯᠪᠠᠰᠤ ᠣᠯᠠᠨ ᠢ᠋ᠶ᠋ᠠᠷ ᠢ᠋ᠶ᠋ᠠᠨ ᠬᠠᠮᠲᠤᠷᠠᠨ ᠲᠡᠭᠦᠨ ᠦ᠌ ᠲᠠᠷᠢᠶ᠎ᠠ ᠶ᠋ᠢ ᠲᠠᠷᠢᠵᠤ ᠥᠭᠬᠦ ᠲᠤᠯᠠ ᠲᠠᠷᠢᠶᠠᠯᠠᠩ ᠠᠲᠠᠷᠰᠢᠬᠤ ᠤᠴᠢᠷ ᠦᠭᠡᠢ ᠪᠣᠯᠠᠢ᠃ᠨᠠᠮᠤᠷ ᠬᠠᠳᠤᠵᠤ ᠬᠤᠷᠢᠶᠠᠬᠤ ᠤᠯᠠᠷᠢᠯ ᠪᠣᠯᠪᠠᠰᠤ ᠪᠠᠰᠠ ᠤᠷᠢᠳᠤ ᠶ᠋ᠢᠨ ᠠᠳᠠᠯᠢ ᠳᠡᠰ ᠳᠠᠷᠠᠭᠠᠯᠠᠨ ᠬᠠᠳᠤᠵᠤ ᠬᠤᠷᠢᠶᠠᠬᠤ ᠪᠥᠭᠡᠳ ᠠᠷᠢᠬᠢ ᠳᠠᠷᠠᠰᠤ ᠭᠠᠷᠭᠠᠨ ᠬᠣᠭᠣᠯᠠ ᠢᠳᠡᠭᠡᠨ ᠪᠠᠵᠠᠭᠠᠵᠤ ᠵᠣᠴᠢᠯᠠᠨ ᠨᠠᠢᠷᠯᠠᠵᠤ ᠪᠡᠯᠭᠡᠯᠡᠵᠡᠭᠡᠬᠦ ᠠᠵᠢ᠃ᠡᠨᠡ ᠬᠦ᠌ ᠡᠷᠲᠡᠨ ᠦᠶ᠎ᠡ ᠶ᠋ᠢᠨ 《ᠬᠣᠷᠰᠢᠶ᠎ᠠ》 ᠪᠣᠯ ᠶᠤᠸᠠᠨ ᠤᠯᠤᠰ ᠤ᠋ᠨ ᠲᠠᠷᠢᠶᠠᠴᠢᠨ ᠤ᠋ ᠨᠢᠭᠡ ᠵᠦᠢᠯ ᠦ᠋ᠨ ᠡᠭᠦᠳᠦᠯᠲᠡ ᠶᠦ᠍ᠮ᠃ᠲᠠᠷᠢᠶᠠᠴᠢᠳ ᠰᠠᠢᠨ ᠳᠤᠷ᠎ᠠ ᠠ᠋ᠴᠠ ᠪᠠᠨ ᠬᠣᠷᠰᠢᠵᠤ ᠲᠠᠷᠢᠶᠠᠯᠠᠩ ᠦᠢᠯᠡᠳᠪᠦᠷᠢᠯᠡᠯ ᠦ᠋ᠨ ᠦᠷ᠎ᠡ ᠠᠰᠢᠭ ᠢ᠋ ᠳᠡᠭᠡᠭᠰᠢᠯᠡᠭᠦᠯᠦᠭᠰᠡᠨ ᠡᠭᠦᠳᠦᠯᠲᠡ ᠶᠦ᠍ᠮ᠃ᠮᠠᠨ ᠤ᠋ ᠤᠯᠤᠰ ᠤ᠋ᠨ ᠲᠠᠷᠢᠶᠠᠯᠠᠩ ᠤ᠋ᠨ ᠬᠥᠭᠵᠢᠯᠲᠡ ᠶ᠋ᠢᠨ ᠲᠡᠦᠬᠡᠨ ᠳᠡᠭᠡᠷ᠎ᠡ ᠶᠤᠸᠠᠨ ᠤᠯᠤᠰ ᠤ᠋ᠨ《ᠲᠠᠷᠢᠶᠠᠯᠠᠩ ᠤ᠋ᠨ ᠪᠢᠴᠢᠭ》 ᠪᠠ《ᠬᠣᠷᠰᠢᠶ᠎ᠠ》 ᠨᠢ ᠵᠣᠬᠢᠬᠤ ᠦᠨᠡᠯᠡᠯᠲᠡ ᠶ᠋ᠢᠨ ᠪᠠᠢᠷᠢ ᠣᠯᠬᠤ ᠶᠣᠰᠣᠲᠠᠢ ᠪᠢᠯᠡ᠃
ᠬᠤᠪᠢᠯᠠᠢ ᠬᠠᠭᠠᠨ ᠪᠣᠯ ᠪᠠᠰᠠ ᠮᠣᠩᠭᠣᠯ ᠤ᠋ᠨ ᠥᠨᠳᠥᠷᠯᠢᠭ ᠲᠦ᠍ ᠲᠠᠷᠢᠶᠠᠯᠠᠩ ᠤ᠋ᠨ ᠦᠢᠯᠡᠰ ᠢ᠋ ᠶᠡᠬᠡ ᠬᠦᠴᠦᠨ ᠢ᠋ᠶ᠋ᠡᠷ ᠡᠭᠦᠰᠬᠡᠨ ᠬᠥᠭᠵᠢᠭᠦᠯᠦᠭᠰᠡᠨ ᠬᠠᠭᠠᠳ ᠤ᠋ᠨ ᠨᠢᠭᠡ ᠶᠦ᠍ᠮ᠃ᠠᠯᠢ ᠡᠷᠲᠡ ᠭᠣᠪᠢ ᠶ᠋ᠢᠨ ᠡᠮᠦᠨᠡᠬᠢ ᠶ᠋ᠢ ᠵᠠᠬᠢᠷᠤᠭᠰᠠᠨ ᠤ᠋ ᠳᠠᠷᠠᠭ᠎ᠠ ᠥᠪᠡᠷ ᠦ᠋ᠨ ᠡᠵᠡᠮᠰᠢᠯ ᠭᠠᠵᠠᠷ ᠲᠠᠭᠠᠨ ᠴᠡᠷᠢᠭ ᠰᠠᠭᠤᠯᠭᠠᠨ ᠲᠠᠷᠢᠶ᠎ᠠ ᠲᠠᠷᠢᠵᠤ ᠠᠮᠤ ᠪᠤᠳᠠᠭ᠎ᠠ ᠨᠥᠭᠡᠴᠡᠯᠡᠬᠦ ᠮᠡᠲᠦ ᠶ᠋ᠢᠨ ᠣᠯᠠᠨ ᠠᠷᠭ᠎ᠠ ᠬᠡᠮᠵᠢᠶ᠎ᠡ ᠶ᠋ᠢ ᠠᠪᠴᠤ ᠮᠣᠩᠭᠣᠯ ᠤ᠋ᠨ ᠵᠠᠰᠠᠭ ᠲᠥᠷᠥ ᠶ᠋ᠢᠨ ᠡᠮᠦᠨ᠎ᠡ ᠲᠤᠯᠭᠠᠷᠠᠭᠰᠠᠨ ᠲᠦᠭᠰᠢᠯ ᠲᠡᠢ ᠪᠠᠢᠳᠠᠯ ᠢ᠋ ᠠᠩᠬ᠎ᠠ ᠠᠯᠬᠤᠮ ᠬᠤᠪᠢᠷᠠᠭᠤᠯᠤᠭᠰᠠᠨ ᠪᠢᠯᠡ᠃ᠲᠡᠭᠦᠨ ᠦ᠌ ᠲᠤᠰᠠᠯᠠᠭᠴᠢ ᠲᠦᠰᠢᠮᠡᠯ ᠲᠠᠨ ᠴᠧᠩ ᠬᠤᠪᠢᠯᠠᠢ ᠶ᠋ᠢᠨ ᠵᠠᠬᠢᠶ᠎ᠠ ᠪᠠᠷ ᠬᠤᠸᠠᠢ ᠮᠧᠩ ᠬᠡᠮᠡᠬᠦ ᠭᠠᠵᠠᠷ ᠲᠤ᠌ ᠰᠤᠪᠠᠭ ᠵᠠᠰᠠᠵᠤ ᠴᠢᠨ ᠱᠦᠢ ᠭᠣᠣᠯ ᠤ᠋ᠨ ᠤᠰᠤ ᠶ᠋ᠢ ᠲᠡᠳᠡᠨ ᠲᠠᠷᠢᠶ᠎ᠠ ᠤᠰᠤᠯᠠᠵᠤ ᠢᠯᠠᠮ᠎ᠠ ᠲᠠᠷᠢᠶᠠᠯᠠᠩ ᠲᠠᠷᠢᠬᠤ ᠶ᠋ᠢᠨ ᠠᠰᠢᠭ ᠢ᠋ ᠴᠢᠬᠤᠯᠠᠴᠢᠯᠠᠭᠰᠠᠨ ᠢ᠋ᠶ᠋ᠠᠷ ᠲᠠᠷᠢᠶᠠᠯᠠᠩ ᠤ᠋ᠨ ᠦᠢᠯᠡᠰ ᠦᠳᠲᠡᠷ ᠲᠦᠷᠭᠡᠨ ᠬᠥᠭᠵᠢᠪᠡ᠃ᠬᠡᠷᠡᠮ ᠦ᠋ᠨ ᠳᠣᠲᠣᠷ᠎ᠠ ᠭᠠᠳᠠᠨ᠎ᠠ ᠲᠠᠷᠢᠶᠠᠯᠠᠩ ᠤ᠋ᠨ ᠦᠢᠯᠡᠰ ᠢ᠋ ᠬᠥᠭᠵᠢᠭᠦᠯᠦᠭᠰᠡᠨ ᠨᠢ ᠬᠤᠪᠢᠯᠠᠢ ᠶ᠋ᠢᠨ ᠢᠷᠡᠭᠡᠳᠦᠢ ᠳ᠋ᠦ᠍ ᠬᠠᠭᠠᠨ ᠰᠠᠭᠤᠬᠤ ᠠᠵᠤ ᠠᠬᠤᠢ ᠶ᠋ᠢᠨ ᠰᠠᠭᠤᠷᠢ ᠶ᠋ᠢ ᠲᠠᠯᠪᠢᠭᠰᠠᠨ ᠪᠠᠢᠵᠠᠢ᠃ᠬᠤᠪᠢᠯᠠᠢ ᠰᠡᠴᠡᠨ ᠬᠠᠭᠠᠨ ᠤ᠋ ᠡᠬᠢᠨ ᠦᠶ᠎ᠡ ᠳ᠋ᠡᠬᠢ ᠠᠯᠪᠠᠨ ᠪᠢᠴᠢᠭ ᠲᠦ᠍ ᠬᠣᠩᠭᠢᠷᠠᠳ ᠢᠬᠢᠷᠡᠰ ᠠᠢᠮᠠᠭ ᠤ᠋ᠨ ᠲᠠᠷᠢᠶ᠎ᠠ ᠳᠠᠷᠢᠭᠴᠢ ᠡᠷᠦᠬᠡ ᠶ᠋ᠢᠨ ᠲᠤᠬᠠᠢ ᠲᠡᠮᠳᠡᠭᠯᠡᠭᠰᠡᠨ ᠪᠠᠢᠪᠠ᠃ᡁᠢ ᠶᠤᠸᠠᠨ ᠤ᠋ ᠠᠷᠪᠠᠳᠤᠭᠠᠷ ᠣᠨ(1273ᠣᠨ) ᠳ᠋ᠤ᠌ ᠬᠣᠩᠭᠢᠷᠠᠳ ᠠᠢᠮᠠᠭ ᠤ᠋ᠨ ᠨᠤᠲᠤᠭ ᠲᠤ᠌ ᠢᠩ ᠴᠠᠩ ᠹᠦ ᠣᠷᠳᠣᠨ ᠢ᠋ ᠪᠠᠢᠭᠤᠯᠤᠭᠠᠳ ᠵᠢᠯ ᠪᠦᠷᠢ10000 ᠳ᠋ᠠᠨ ᠠᠮᠤ ᠪᠤᠳᠠᠭ᠎ᠠ ᠨᠥᠭᠡᠴᠡᠯᠡᠪᠡ᠃ᠬᠣᠵᠢᠮ ᠨᠢ ᠢᠩ ᠴᠠᠩ ᠴᠥᠯᠭᠡ ᠳ᠋ᠦ᠍ ᠠᠮᠤ ᠪᠤᠳᠠᠭ᠎ᠠ ᠬᠣᠷᠢᠶᠠᠨ ᠬᠠᠳᠠᠭᠠᠯᠠᠬᠤ ᠰᠠᠩ ᠬᠥᠮᠥᠷᠭᠡ ᠪᠠᠢᠭᠤᠯᠤᠨ ᠠᠮᠤ ᠪᠤᠳᠠᠭ᠎ᠠ ᠬᠤᠳᠠᠯᠳᠤᠨ ᠠᠪᠴᠤ ᠬᠥᠮᠥᠷᠭᠡᠯᠡᠭᠡᠳ ᠠᠷᠤ ᠭᠠᠵᠠᠷ ᠵᠥᠭᠡᠭᠡᠭᠰᠡᠨ ᠶᠦ᠍ᠮ᠃ᡁᠢ ᠶᠤᠸᠠᠨ ᠤ᠋ ᠠᠷᠪᠠᠨ ᠭᠤᠷᠪᠠᠳᠤᠭᠠᠷ ᠣᠨ ᠳ᠋ᠤ᠌ ᠢᠩ ᠴᠠᠩ ᠤ᠋ᠨ ᠠᠮᠤ ᠬᠤᠳᠠᠯᠳᠤᠨ ᠠᠪᠬᠤ ᠬᠡᠯᠲᠡᠰ ᠢ᠋ ᠪᠠᠢᠭᠤᠯᠵᠤ ᡁᠢ ᠶᠤᠸᠠᠨ ᠤ᠋ ᠬᠣᠷᠢᠳᠤᠭᠠᠷ ᠣᠨ ᠳ᠋ᠤ᠌3000 ᠬᠡᠰᠡᠭ ᠮᠥᠩᠭᠥ᠂ᠳᠠᠷᠠᠭ᠎ᠠ ᠵᠢᠯ ᠳ᠋ᠦ᠍ᠨᠢ4000 ᠬᠡᠰᠡᠭ ᠮᠥᠩᠭᠥ᠂ᠭᠤᠲᠠᠭᠠᠷ ᠵᠢᠯ ᠳ᠋ᠦ᠍ᠨᠢ5000ᠬᠡᠰᠡᠭ ᠮᠥᠩᠭᠥ ᠥᠭᠴᠦ ᠵᠢᠯ ᠪᠦᠷᠢ10000 ᠰᠢᠬᠠᠮ ᠳ᠋ᠠᠨ ᠠᠮᠤ ᠠᠪᠴᠤ ᠬᠠᠳᠠᠭᠠᠯᠠᠭᠰᠠᠨ ᠪᠤᠶᠤ᠃ᠶᠤᠸᠠᠨ ᠤᠯᠤᠰ ᠤ᠋ᠨ ᠵᠠᠰᠠᠭ ᠨᠢ ᠪᠠᠰᠠ ᠢᠩ ᠴᠠᠩ ᠴᠥᠯᠭᠡ ᠶ᠋ᠢ ᠪᠦᠬᠦ ᠤᠯᠤᠰ ᠤ᠋ᠨ120 ᠢᠯᠡᠭᠦᠦ ᠲᠠᠷᠢᠶᠠᠨ ᠳᠣᠪᠣ ᠶ᠋ᠢᠨ ᠨᠢᠭᠡ ᠪᠣᠯᠭᠠᠨ ᠠᠯᠪᠠᠨ ᠶᠣᠰᠣᠭᠠᠷ ᠲᠣᠭᠲᠠᠭᠠᠵᠠᠢ᠃
ᠵᠢᠩ ᠵᠧᠦ ᠶ᠋ᠢᠨ ᠬᠣᠢᠲᠤ ᠬᠠᠪᠢ ᠪᠠᠷ ᠨᠤᠲᠤᠭᠯᠠᠵᠤ ᠪᠠᠢᠭᠰᠠᠨ ᠣᠩᠭᠣᠳ ᠨᠢ ᠠᠩᠬᠠᠨ ᠳ᠋ᠠᠭᠠᠨ ᠮᠠᠯ ᠮᠠᠯᠯᠠᠭᠠᠳ ᠪᠠᠷᠤᠭ ᠲᠠᠷᠢᠶ᠎ᠠ ᠲᠠᠷᠢᠳᠠᠭ ᠦᠭᠡᠢ ᠪᠠᠢᠭᠰᠠᠨ ᠪᠢᠯᠡ᠃ᠬᠣᠵᠢᠮ ᠨᠢ ᠲᠠᠷᠢᠶᠠᠯᠠᠩ ᠡᠷᠬᠢᠯᠡᠵᠦ᠂ᠦᠢᠯᠡᠳᠪᠦᠷᠢᠯᠡᠯ ᠨᠢ ᠬᠥᠭᠵᠢᠭᠡᠳ ᠲᠠᠷᠢᠶ᠎ᠠ ᠲᠠᠷᠢᠳᠠᠭ ᠴᠠᠭᠠᠨ ᠲᠠᠲ᠋ᠠᠷ ᠪᠣᠯᠪᠠ᠃ᠣᠩᠭᠣᠳ ᠤ᠋ᠨ ᠬᠠᠷᠢᠶ᠎ᠠ ᠪᠣᠯᠬᠤ ᠵᠢᠨᠢᠩ ᠴᠥᠯᠭᠡ ᠶ᠋ᠢᠨ ᠬᠠᠭᠤᠴᠢ ᠪᠠᠭᠤᠷᠢ ᠠ᠋ᠴᠠ ᠠᠭᠤᠳᠠᠯᠵᠤ ᠭᠠᠷᠭᠠᠭᠰᠠᠨ ᠶᠤᠸᠠᠨ ᠤ᠋ ᠦᠶ᠎ᠡ ᠶ᠋ᠢᠨ ᠲᠡᠮᠦᠷ ᠦᠷᠡᠯᠡᠭᠦᠷ᠂ᠲᠡᠮᠦᠷ ᠠᠨᠵᠢᠰᠤᠨ ᠬᠣᠰᠢᠭᠤ᠂ᠮᠠᠯᠲᠠᠭᠤᠷ᠂ᠠᠷᠴᠢᠭᠤᠷ᠂ᠬᠤᠰᠤᠭᠤᠷ ᠵᠡᠷᠭᠡ ᠲᠠᠷᠢᠶᠠᠯᠠᠩ ᠤ᠋ᠨ ᠪᠠᠭᠠᠵᠢ ᠨᠢ ᠲᠥᠷᠥᠯ ᠵᠦᠢᠯ ᠢ᠋ᠶ᠋ᠡᠷ ᠣᠯᠠᠨ᠂ᠬᠢᠴᠡ ᠪᠡᠷ ᠨᠠᠷᠢᠯᠢᠭ ᠪᠠᠢᠵᠤ ᠪᠠᠰᠠ ᠠᠮᠤ ᠪᠤᠳᠠᠭ᠎ᠠ ᠪᠣᠯᠪᠠᠰᠤᠷᠠᠭᠤᠯᠬᠤ ᠳ᠋ᠤ᠌ ᠬᠡᠷᠡᠭᠯᠡᠬᠦ ᠴᠢᠯᠠᠭᠤᠨ ᠲᠡᠭᠡᠷᠮ᠎ᠡ᠂ᠴᠢᠯᠠᠭᠤᠨ ᠣᠭᠣᠷ ᠮᠠᠨᠴᠤ᠂ᠪᠤᠯᠤ ᠵᠢᠴᠢ ᠠᠮᠤ ᠶᠢᠨ ᠵᠣᠭᠣᠷᠢ ᠪᠠᠢᠭᠰᠠᠨ ᠨᠢ ᠲᠤᠰ ᠭᠠᠵᠠᠷ ᠲᠠᠷᠢᠶᠠᠯᠠᠩ ᠤ᠋ᠨ ᠦᠢᠯᠡᠳᠪᠦᠷᠢᠯᠡᠯ ᠳᠡᠭᠡᠳᠦ ᠬᠡᠮᠵᠢᠶ᠎ᠡ ᠪᠡᠷ ᠬᠥᠭᠵᠢᠭᠰᠡᠨ ᠢ᠋ ᠭᠡᠷᠡᠴᠢᠯᠡᠵᠦ ᠪᠠᠢᠭ᠎ᠠ ᠶᠤᠮ᠃ᠭᠣᠪᠢ ᠶ᠋ᠢᠨ ᠡᠮᠦᠨᠡᠬᠢ ᠭᠠᠵᠠᠷ ᠤ᠋ᠳ ᠲᠤ᠌ ᠨᠢᠭᠡ ᠬᠥᠯᠥᠯᠭᠡ ᠦᠬᠡᠷ ᠢ᠋ᠶ᠋ᠡᠷ 5— 6 ᠴᠢᠩ ᠲᠠᠷᠢᠶ᠎ᠠ ᠲᠠᠷᠢᠳᠠᠭ ᠪᠠ ᠡᠨᠡ ᠬᠦ᠌ ᠲᠠᠷᠢᠶᠠᠨ ᠠ᠋ᠴᠠ ᠪᠠᠨ ᠵᠢᠯ ᠳ᠋ᠦ᠍200 ᠬᠥᠨᠥᠭ ᠠᠮᠤ ᠬᠤᠷᠢᠶᠠᠳᠠᠭ ᠪᠠᠢᠭᠰᠠᠨ ᠠᠵᠢ᠃
ᠶᠤᠸᠠᠨ ᠤᠯᠤᠰ ᠤ᠋ᠨ ᠬᠠᠭᠠᠨ ᠣᠷᠳᠣᠨ ᠨᠢ ᠣᠳᠣ ᠶ᠋ᠢᠨ ᠰᠤᠩᠭᠠᠷᠢ ᠮᠥᠷᠡᠨ ᠪᠠ ᠨᠣᠨ ᠮᠥᠷᠡᠨ ᠤ ᠰᠠᠪᠠ ᠭᠠᠵᠠᠷ ᠲᠤ᠌ ᠵᠣᠣ ᠵᠧᠦ ᠭᠡᠬᠦ ᠬᠣᠲᠠ ᠶ᠋ᠢ ᠪᠠᠢᠭᠤᠯᠤᠭᠠᠳ ᠬᠢᠷᠭᠢᠰ᠂ᠦᠰᠦ᠂ᠬᠠᠩᠬᠠᠨ᠎ᠠ ᠵᠡᠷᠭᠡ ᠠᠢᠮᠠᠭ ᠤ᠋ᠨ ᠣᠯᠠᠨ ᠢᠷᠭᠡᠨ ᠢ᠋ ᠵᠡᠭᠦᠨᠰᠢ ᠨᠡᠭᠦᠯᠭᠡᠵᠦ ᠲᠤᠰ ᠭᠠᠵᠠᠷ ᠤ᠋ᠨ ᠢᠷᠭᠡᠳ ᠲᠡᠢ ᠬᠠᠮᠲᠤ ᠵᠣᠬᠢᠶᠠᠨ ᠪᠠᠢᠭᠤᠯᠤᠨ ᠠᠲᠠᠷ ᠬᠠᠭᠠᠯᠪᠤᠷᠢᠯᠠᠪᠠ᠃ᠲᠠᠷᠢᠶᠠᠯᠠᠩ ᠤ᠋ᠨ ᠬᠥᠭᠵᠢᠯᠲᠡ ᠶ᠋ᠢ ᠳᠠᠭᠠᠯᠳᠤᠨ ᠶᠤᠸᠠᠨ ᠤᠯᠤᠰ ᠤ᠋ᠨ ᠵᠣᠣ ᠵᠧᠦ ᠶ᠋ᠢᠨ ᠮᠣᠩᠭᠣᠯᠴᠤᠳ ᠤ᠋ᠨ ᠲᠠᠷᠢᠶᠠᠨ ᠳᠣᠪᠣ ᠶ᠋ᠢ ᠬᠠᠮᠢᠶᠠᠷᠬᠤ ᠲᠦᠮᠡᠲᠦ ᠶ᠋ᠢᠨ ᠣᠷᠳᠣᠨ ᠢ᠋ ᠪᠠᠢᠭᠤᠯᠵᠠᠢ᠃ᠥᠯᠵᠡᠢᠲᠦ ᠲᠡᠮᠦᠷ ᠬᠠᠭᠠᠨ ᠤ᠋ ᠲᠡᠷᠢᠭᠦᠨ ᠣᠨ ᠤ᠋ ᠳᠣᠯᠣᠳᠤᠭᠠᠷ ᠰᠠᠷ᠎ᠠ ᠳ᠋ᠤ᠌ ᠪᠦᠷᠢᠳᠬᠡᠭᠰᠡᠨ ᠢ᠋ᠶ᠋ᠡᠷ ᠵᠣᠣ ᠵᠧᠦ ᠣᠷᠴᠢᠮ ᠣᠴᠢᠵᠤ ᠠᠲᠠᠷ ᠬᠠᠭᠠᠯᠪᠤᠷᠢᠯᠠᠨ ᠲᠠᠷᠢᠶᠠᠯᠠᠭᠰᠠᠨ ᠪᠦᠷᠦᠬᠦᠴᠢ᠂ᠤᠰᠤᠨ ᠲᠠᠲᠠᠷ᠂ᠵᠦᠷᠴᠢᠨ ᠡᠷᠦᠬᠡ700 ᠰᠢᠬᠠᠮ ᠪᠠᠢᠪᠠ᠃ᠶᠤᠸᠠᠨ ᠤᠯᠤᠰ ᠤ᠋ᠨ ᠬᠠᠭᠠᠨ ᠣᠷᠳᠣᠨ ᠨᠢ ᠡᠵᠡᠨ᠎ᠡ ᠴᠥᠯᠭᠡ ᠶ᠋ᠢᠨ ᠬᠠᠷ᠎ᠠ ᠤᠰᠤ ᠶ᠋ᠢᠨ ᠰᠠᠪᠠ ᠭᠠᠵᠠᠷ ᠢ᠋ᠶ᠋ᠠᠷ ᠲᠠᠷᠢᠶᠠᠯᠠᠩ ᠡᠷᠬᠢᠯᠡᠵᠦ ᠪᠠᠢᠭᠰᠠᠨ ᠳᠠᠩᠭᠤᠳᠴᠤᠤᠯ ᠳ᠋ᠤ᠌ ᠬᠥᠯᠥᠰᠢᠨ ᠦᠬᠡᠷ᠂ᠲᠠᠷᠢᠶᠠᠯᠠᠩ ᠤ᠋ᠨ ᠪᠠᠭᠠᠵᠢ᠂ᠲᠠᠷᠢᠶᠠᠨ ᠦᠷ᠎ᠡ ᠲᠤᠰᠠᠯᠠᠨ ᠥᠭᠴᠦ ᠲᠠᠷᠢᠶᠠᠯᠠᠩ ᠤ᠋ᠨ ᠦᠢᠯᠡᠰ ᠢ᠋ ᠨᠢ ᠳᠡᠮᠵᠢᠵᠡᠢ᠃ᠪᠠᠰᠠ ᠬᠤᠶᠠᠭ ᠴᠡᠷᠢᠭ ᠢᠯᠡᠬᠡᠨ ᠳᠠᠩᠭᠤᠳᠴᠤᠤᠯ ᠢ᠋ ᠳᠠᠢᠴᠢᠯᠠᠨ ᠭᠣᠣᠯ ᠰᠤᠪᠠᠭ ᠢ᠋ ᠯᠠᠢᠳᠠᠭᠤᠯᠪᠠ᠃ᠰᠢᠨᠡᠬᠡᠨ ᠲᠠᠲᠠᠭᠰᠠᠨ ᠬᠠᠵᠢ ᠬᠡᠮᠡᠬᠦ ᠤᠰᠤᠨ ᠰᠤᠪᠠᠭ ᠨᠢ 90 ᠭᠠᠷᠤᠢ ᠴᠢᠩ ᠲᠠᠷᠢᠶ᠎ᠠ ᠤᠰᠤᠯᠠᠵᠤ ᠪᠠᠢᠵᠠᠢ᠃ᠮᠣᠩᠭᠣᠯ ᠤ᠋ᠨ ᠥᠨᠳᠥᠷᠯᠢᠭ ᠬᠢᠭᠡᠳ ᠭᠠᠨᠰᠦ ᠶ᠋ᠢᠨ ᠬᠢᠯᠢ ᠵᠠᠯᠭᠠᠵᠤ ᠪᠠᠢᠭ᠎ᠠ ᠣᠩᠭᠣᠳ ᠤ᠋ᠨ ᠬᠠᠷᠢᠶ᠎ᠠ ᠨᠤᠲᠤᠭ ᠵᠦᠩ ᠱᠧᠩ ᠵᠧᠦ᠂ᠠᠯᠲᠠ ᠶ᠋ᠢᠨ ᠭᠣᠣᠯ ᠵᠡᠷᠭᠡ ᠭᠠᠵᠠᠷ ᠲᠤ᠌ ᠵᠢᠮᠢᠰ ᠶᠡᠬᠡ ᠲᠠᠷᠢᠵᠤ ᠦᠵᠦᠮ ᠦ᠋ᠨ ᠭᠠᠷᠤᠯᠲᠠ ᠪᠠᠷ ᠢ᠋ᠶ᠋ᠠᠨ ᠨᠡᠷ᠎ᠡ ᠠᠯᠳᠠᠷᠰᠢᠵᠤ ᠪᠠᠢᠭᠰᠠᠨ᠃ᠶᠤᠸᠠᠨ ᠤ᠋ ᠵᠠᠰᠠᠭ ᠨᠢ ᠮᠣᠩᠭᠣᠯ ᠦᠨᠳᠦᠰᠦᠲᠡᠨ ᠦ᠌ ᠵᠢᠷ ᠦ᠋ᠨ ᠮᠠᠯᠴᠢᠨ ᠲᠠᠷᠢᠶᠠᠴᠢᠨ ᠤ᠋ ᠲᠠᠷᠢᠶᠠᠯᠠᠩ ᠦᠢᠯᠡᠳᠪᠦᠷᠢᠯᠡᠯ ᠬᠢᠬᠦ ᠶ᠋ᠢ ᠬᠦᠴᠦᠲᠡᠢ ᠳᠡᠮᠵᠢᠵᠦ ᠲᠠᠷᠢᠶᠠᠯᠠᠩ ᠤ᠋ᠨ ᠪᠠᠭᠠᠵᠢ᠂ᠲᠸᠭᠨᠢᠭ ᠮᠡᠷᠬᠡᠵᠢᠯ᠂ᠲᠠᠷᠢᠶᠠᠨ ᠦᠷ᠎ᠡ᠂ᠬᠥᠯᠥᠰᠢᠨ ᠦᠬᠡᠷ ᠦ᠋ᠨ ᠲᠤᠰᠠᠯᠠᠮᠵᠢ ᠣᠯᠭᠣᠨ ᠪᠠᠰᠠ ᠤᠰᠤᠵᠢᠭᠤᠯᠤᠯᠲᠠ ᠶᠢᠨ ᠪᠠᠷᠢᠯᠭ᠎ᠠ ᠶ᠋ᠢ ᠵᠠᠰᠠᠵᠤ ᠦᠭᠭᠦᠭᠰᠡᠨ ᠢ᠋ᠶ᠋ᠡᠷ ᠮᠣᠩᠭᠣᠯ ᠤ᠋ᠨ ᠥᠨᠳᠥᠷᠯᠢᠭ ᠲᠦ᠍ ᠲᠠᠷᠢᠶᠠᠯᠠᠩ ᠤ᠋ᠨ ᠦᠢᠯᠡᠰ ᠵᠣᠬᠢᠬᠤ ᠬᠥᠭᠵᠢᠯᠲᠡ ᠪᠡᠨ ᠣᠯᠤᠭᠰᠠᠨ ᠪᠠᠢᠵᠠᠢ ᠃ᠲᠤᠬᠠᠢ ᠶ᠋ᠢᠨ ᠦᠶᠡᠰ ᠲᠠᠷᠢᠶᠠᠴᠢᠨ ᠡᠷᠦᠬᠡ 4648 ᠪᠠᠢᠯ᠎ᠠ᠃
ᠴᠡᠷᠢᠭ ᠦ᠋ᠨ ᠲᠠᠷᠢᠶ᠎ᠠ
ᠬᠤᠪᠢᠯᠠᠢ ᠭᠣᠪᠢ ᠶ᠋ᠢᠨ ᠡᠮᠦᠨᠡᠬᠢ ᠶ᠋ᠢ ᠵᠠᠬᠢᠷᠤᠭᠰᠠᠨ ᠤ᠋ ᠳᠠᠷᠠᠭ᠎ᠠ ᠥᠪᠡᠷ ᠦ᠋ᠨ ᠬᠤᠪᠢ ᠭᠠᠵᠠᠷ ᠲᠠᠭᠠᠨ ᠴᠡᠷᠢᠭ ᠦ᠋ᠨ ᠲᠠᠷᠢᠶ᠎ᠠ ᠭᠠᠷᠭᠠᠵᠤ ᠠᠮᠤ ᠪᠤᠳᠠᠭ᠎ᠠ ᠨᠥᠭᠡᠴᠡᠯᠡᠨ ᠠᠷᠤ ᠲᠠᠯ᠎ᠠ ᠶ᠋ᠢᠨ ᠬᠠᠩᠭᠠᠯᠭ᠎ᠠ ᠪᠠᠨ ᠪᠠᠲᠤᠳᠬᠠᠭᠰᠠᠨ ᠶᠤᠮ᠃ᠶᠤᠸᠠᠨ ᠤᠯᠤᠰ ᠢ᠋ ᠪᠠᠢᠭᠤᠯᠤᠭᠰᠠᠨ ᠤ᠋ ᠳᠠᠷᠠᠭ᠎ᠠ ᠴᠡᠷᠢᠭ ᠦ᠋ᠨ ᠲᠠᠷᠢᠶ᠎ᠠ ᠲᠠᠷᠢᠬᠤ ᠶ᠋ᠢ ᠤᠯᠠᠮ ᠨᠢᠭᠡᠨ ᠠᠯᠬᠤᠮ ᠥᠷᠨᠢᠭᠦᠯᠦᠨ ᠪᠦᠬᠦ ᠤᠯᠤᠰ ᠲᠤ᠌120ᠢᠯᠡᠭᠦᠦ ᠴᠡᠷᠢᠭ ᠦ᠋ᠨ ᠲᠠᠷᠢᠶ᠎ᠠ ᠲᠠᠷᠢᠬᠤ ᠳᠣᠪᠣ ᠪᠠᠢᠭᠤᠯᠤᠨ ᠲᠠᠷᠢᠶᠠᠯᠠᠩ ᠡᠷᠬᠢᠯᠡᠭᠰᠡᠨ ᠢ᠋ᠶ᠋ᠡᠷ ᠴᠡᠷᠢᠭ ᠤᠨ ᠠᠮᠤ ᠬᠦᠨᠡᠰᠦᠨ ᠦ᠌ ᠬᠡᠷᠡᠭᠴᠡᠭᠡ ᠪᠡᠨ ᠬᠠᠩᠭᠠᠭᠰᠠᠨ ᠢ᠋ᠶ᠋ᠠᠷ ᠪᠠᠷᠠᠬᠤ ᠦᠭᠡᠢ ᠴᠡᠷᠢᠭ ᠦ᠋ᠨ ᠶᠠᠪᠤᠳᠠᠯ ᠤ᠋ᠨ ᠵᠠᠬᠢᠷᠤᠯ ᠢ᠋ᠶ᠋ᠠᠨ ᠴᠤ᠌ ᠴᠢᠩᠭᠠᠳᠬᠠᠵᠠᠢ᠃ᡁᠢ ᠶᠤᠸᠠᠨ ᠤ᠋ ᠠᠷᠪᠠᠨ ᠨᠢᠭᠡᠳᠦᠭᠡᠷ ᠣᠨ (1274ᠣᠨ) ᠳ᠋ᠤ᠌ ᠬᠤᠪᠢᠯᠠᠢ ᠬᠠᠭᠠᠨ ᠪᠡᠶ᠎ᠡ ᠪᠡᠷ ᠢ᠋ᠶ᠋ᠡᠨ 81 ᠬᠥᠮᠦᠨ ᠢ᠋ ᠠᠩᠬ᠎ᠠ ᠤᠳᠠᠭ᠎ᠠ ᠬᠠᠷᠠᠬᠣᠷᠣᠮ ᠳ᠋ᠤ᠌ ᠢᠯᠡᠭᠡᠵᠦ ᠲᠠᠷᠢᠶᠠᠯᠠᠩ ᠡᠷᠬᠢᠯᠡᠭᠦᠯᠪᠡ᠃ᠬᠣᠵᠢᠮ ᠨᠢ ᠬᠡᠷᠦᠯᠦᠨ᠂ᠬᠠᠩᠭᠠᠢ ᠠᠭᠤᠯᠠ᠂ᠲᠠᠪᠤᠨ ᠭᠣᠣᠯ᠂ᠬᠢᠵᠠ᠂ᠺᠠᠮ ᠺᠡᠮᠴᠤᠳ᠂ᠬᠢᠷᠭᠢᠰ ᠵᠡᠷᠭᠡ ᠭᠠᠵᠠᠷ ᠲᠤ᠌ ᠤᠷᠢᠳ ᠬᠣᠵᠢᠳ ᠭᠤᠷᠪᠠ ᠤᠳᠠᠭ᠎ᠠ ᠴᠡᠷᠢᠭ ᠢᠯᠡᠬᠡᠨ ᠶᠡᠬᠡ ᠬᠡᠮᠵᠢᠶ᠎ᠡ ᠪᠡᠷ ᠲᠠᠷᠢᠶ᠎ᠠ ᠲᠠᠷᠢᠭᠤᠯᠤᠭᠰᠠᠨ ᠪᠢᠯᠡ᠃ᠲᠤᠬᠠᠢ ᠶ᠋ᠢᠨ ᠦᠶᠡᠰ 2 ᠴᠡᠷᠢᠭ ᠦ᠋ᠨ ᠲᠠᠷᠢᠶ᠎ᠠ᠂8 ᠴᠡᠷᠢᠭ ᠦ᠋ᠨ ᠢᠳᠡᠬᠦ ᠠᠮᠤ ᠬᠦᠨᠡᠰᠦ ᠶ᠋ᠢ ᠲᠠᠰᠤᠯᠵᠤ ᠪᠠᠢᠵᠠᠢ᠃ᠳ᠋ᠠ ᠳᠧ ᠶ᠋ᠢᠨ ᠠᠷᠪᠠᠨ ᠨᠢᠭᠡᠳᠦᠭᠡᠷ ᠣᠨ ᠳ᠋ᠤ᠌ ᠳᠠᠪᠠᠭᠠᠨ ᠠᠷᠤ ᠳ᠋ᠤ᠌ ᠲᠥᠯᠥᠭᠡᠨ ᠦ᠌ ᠮᠣᠵᠢ ᠶ᠋ᠢ ᠪᠠᠢᠭᠤᠯᠤᠭᠰᠠᠨ ᠠ᠋ᠴᠠ ᠬᠣᠢᠰᠢ ᠬᠠᠢᠰᠠᠩ ᠬᠦᠯᠦᠭ ᠬᠠᠭᠠᠨ ᠤ᠋ ᠵᠠᠷᠯᠢᠭ ᠢ᠋ᠶ᠋ᠠᠷ 10000 ᠬᠢᠲᠠᠳ ᠴᠡᠷᠢᠭ ᠢ᠋ ᠬᠠᠷᠠᠬᠣᠷᠣᠮ ᠳ᠋ᠤ᠌ ᠣᠴᠢᠭᠤᠯᠤᠨ ᠳᠣᠪᠣ ᠪᠠᠢᠭᠤᠯᠵᠤ ᠲᠠᠷᠢᠶ᠎ᠠ ᠳᠠᠷᠢᠭᠤᠯᠪᠠ ᠃ᠳᠠᠷᠠᠭ᠎ᠠ ᠵᠢᠯ ᠨᠢ ᠡᠯᠪᠡᠭ ᠬᠤᠷᠢᠶᠠᠯᠲᠠ ᠣᠯᠵᠤ 90000 ᠢᠯᠡᠭᠦᠦ ᠳ᠋ᠠᠨ ᠠᠮᠤ ᠬᠤᠷᠢᠶᠠᠭᠰᠠᠨ ᠪᠢᠯᠡ᠃ᠴᠠᠩᠭᠠᠢ ᠶ᠋ᠢᠨ ᠴᠡᠷᠢᠭ ᠦ᠋ᠨ ᠲᠠᠷᠢᠶ᠎ᠠ ᠪᠠᠰᠠ200000ᠢᠯᠡᠭᠦᠦ ᠳ᠋ᠠᠨ ᠠᠮᠤ ᠪᠤᠳᠠᠭ᠎ᠠ ᠬᠤᠷᠢᠶᠠᠵᠠᠢ᠃ᠶᠤᠸᠠᠨ ᠤ᠋ ᠵᠠᠰᠠᠭ ᠨᠢ ᠲᠠᠷᠢᠶᠠᠯᠠᠩ ᠤ᠋ᠨ ᠦᠢᠯᠡᠰ ᠢ᠋ ᠤᠯᠠᠮ ᠰᠠᠢᠨ ᠬᠥᠭᠵᠢᠭᠦᠯᠬᠦ ᠶ᠋ᠢᠨ ᠲᠤᠰᠠᠳᠠ ᠤᠷᠠᠴᠤᠤᠯ ᠢ᠋ ᠨᠡᠮᠡᠨ ᠡᠯᠰᠡᠵᠦ ᠲᠠᠷᠢᠶᠠᠯᠠᠩ ᠤ᠋ᠨ ᠪᠠᠭᠠᠵᠢ ᠬᠡᠷᠡᠭᠰᠡᠯ ᠢ᠋ ᠦᠢᠯᠡᠳᠦᠭᠦᠯᠦᠨ ᠴᠡᠷᠢᠭ ᠦ᠋ᠨ ᠳᠣᠲᠣᠷᠠᠬᠢ ᠲᠠᠷᠢᠶᠠᠯᠠᠩ ᠤ᠋ᠨ ᠴᠢᠳᠠᠪᠤᠷᠢᠲᠠᠨ ᠢ᠋ ᠰᠣᠩᠭᠣᠨ ᠣᠯᠠᠨ ᠠᠢᠮᠠᠭ ᠤ᠋ᠨ ᠢᠷᠭᠡᠳ ᠲᠣᠷ ᠲᠠᠷᠢᠶᠠᠯᠠᠬᠤ ᠡᠷᠳᠡᠮ ᠢ᠋ ᠵᠢᠭᠠᠯᠭᠠᠭᠰᠠᠨ ᠤ᠋ ᠬᠠᠮᠲᠤ ᠤᠰᠤᠨ ᠰᠤᠪᠠᠭ ᠢ᠋ ᠵᠠᠰᠠᠵᠤ ᠯᠠᠢᠳᠠᠨ ᠬᠡᠳᠦᠨ ᠮᠢᠩᠭᠠᠨ ᠴᠢᠩ ᠲᠠᠷᠢᠶ᠎ᠠ ᠶ᠋ᠢ ᠤᠰᠤᠯᠠᠭᠰᠠᠨ ᠪᠠᠢᠯ᠎ᠠ᠃
ᠯᠢᠶᠣᠤᠳ᠋ᠦ᠋ᠩ ᠬᠣᠢᠭ ᠤ᠋ᠨ ᠵᠢᠨ ᠵᠧᠦ᠂ᠹᠦ ᠵᠧᠦ᠂ᠭᠠᠢ ᠵᠧᠦ᠂ᠬᠠᠰᠬᠠᠨ᠂ᠷᠦᠢ ᠵᠧᠦ᠂ᠯᠠᠯᠢᠨ ᠵᠡᠷᠭᠡ ᠭᠠᠵᠠᠷ ᠲᠤ᠌ ᠬᠢᠷᠭᠢᠰ ᠪᠠ ᠮᠣᠩᠭᠣᠯᠴᠤᠳ᠂ ᠬᠢᠲᠠᠳ ᠴᠡᠷᠢᠭ ᠢ᠋ ᠣᠯᠠᠨᠲᠠ ᠶᠠᠪᠤᠭᠤᠯᠤᠨ ᠠᠲᠠᠷ ᠬᠠᠭᠠᠯᠪᠤᠷᠢᠯᠠᠵᠤ ᠲᠠᠷᠢᠶᠠᠯᠠᠬᠤ ᠲᠠᠯᠠᠪᠠᠢ ᠶ᠋ᠢ ᠥᠷᠭᠡᠳᠬᠡᠨ ᠬᠥᠭᠵᠢᠭᠦᠯᠦᠭᠰᠡᠨ ᠢ᠋ᠶ᠋ᠡᠷ ᠠᠮᠤ ᠪᠤᠳᠠᠭᠠᠨ ᠤ᠋ ᠤᠨᠠᠯᠲᠠ ᠨᠡᠮᠡᠭᠳᠡᠨ ᠦᠨ᠎ᠡ ᠬᠢᠮᠳᠠᠷᠠᠭᠠᠳ ᠵᠠᠬ᠎ᠠ ᠬᠢᠵᠠᠭᠠᠷ ᠤ᠋ᠨ ᠵᠠᠰᠠᠭ ᠶᠡᠬᠡᠳᠡ ᠲᠦᠪᠰᠢᠷᠡᠵᠦᠬᠦᠢ᠃ᠬᠡᠰᠡᠭ ᠮᠣᠩᠭᠣᠯᠴᠤᠳ ᠲᠠᠷᠢᠶᠠᠯᠠᠵᠤ ᠰᠤᠷᠤᠭᠠᠳ ᠬᠠᠭᠠᠰ ᠲᠠᠷᠢᠶᠠᠯᠠᠵᠤ ᠬᠠᠭᠠᠰ ᠮᠠᠯᠵᠢᠬᠤ ᠪᠠᠷ ᠠᠵᠤ ᠲᠥᠷᠥᠬᠦ ᠪᠣᠯᠤᠭᠰᠠᠨ ᠶᠤᠮ᠃ᠬᠠᠩᠭᠠᠢ ᠠᠭᠤᠯᠠ ᠠ᠋ᠴᠠ ᠠᠯᠲᠠᠢ ᠨᠢᠷᠤᠭᠤ ᠬᠦᠷᠲᠡᠯᠡᠬᠢ ᠤᠷᠲᠤ ᠱᠤᠭᠤᠮ ᠳᠡᠭᠡᠷ᠎ᠡ ᠦᠯᠡᠮᠵᠢ ᠣᠯᠠᠨ ᠴᠡᠷᠢᠭ ᠰᠠᠭᠤᠯᠭᠠᠨ ᠰᠠᠬᠢᠭᠤᠯᠵᠤ ᠴᠠᠩᠭᠠᠢ᠂ᠲᠠᠪᠤᠨ ᠭᠣᠣᠯ᠂ᠬᠠᠢᠯᠳᠤ᠂ᠲᠤᠷᠪᠢ᠂ᠥᠰᠢᠮᠡᠨ᠂ ᠷᠠᠰᠢᠮᠠᠨ᠂ᠬᠠᠩᠭᠠᠢ᠂ᠬᠢᠵᠠ ᠵᠡᠷᠭᠡ ᠭᠠᠵᠠᠷ ᠲᠤ᠌ ᠲᠠᠷᠢᠶᠠᠨ ᠳᠣᠪᠣ ᠶ᠋ᠢ ᠬᠠᠮᠢᠶᠠᠷᠬᠤ ᠲᠦᠮᠡᠲᠦ ᠶ᠋ᠢᠨ ᠣᠷᠳᠣᠨ᠂ᠲᠠᠷᠢᠶᠠᠯᠠᠩ ᠢ᠋ ᠬᠠᠮᠢᠶᠠᠷᠬᠤ ᠶᠡᠷᠦᠩᠬᠡᠢ ᠵᠠᠬᠢᠷᠤᠭᠴᠢ ᠶ᠋ᠢᠨ ᠣᠷᠳᠣᠨ ᠵᠡᠷᠭᠡ ᠶ᠋ᠢ ᠤᠷᠢᠳ ᠬᠣᠵᠢᠳ ᠪᠠᠢᠭᠤᠯᠵᠤ5000 ᠰᠢᠬᠠᠮ ᠡᠷᠦᠬᠡ ᠢᠷᠭᠡᠨ᠂6000ᠢᠯᠡᠭᠦᠦ ᠴᠢᠩ ᠲᠠᠷᠢᠶ᠎ᠠ ᠶ᠋ᠢ ᠲᠠᠷᠢᠶᠠᠯᠠᠵᠤ ᠪᠠᠢᠵᠠᠢ᠃ᠡᠭᠦᠨ ᠡᠴᠡ ᠭᠠᠳᠠᠨ᠎ᠠ ᠺᠡᠮ ᠺᠡᠮᠴᠤᠳ ᠬᠢᠷᠭᠢᠰ ᠲᠦ᠍ ᠴᠦ᠍ ᠳᠣᠪᠣ ᠪᠠᠢᠭᠤᠯᠤᠨ ᠲᠠᠷᠢᠶᠠᠯᠠᠭᠰᠠᠨ ᠶᠤᠮ᠃
ᠱᠠᠩᠳᠤ ᠬᠣᠲᠠ ᠶ᠋ᠢᠨ ᠡᠮᠤᠨᠡᠳᠡᠬᠢ ᠴᠠᠭᠠᠨᠠᠭᠤᠷ᠂ᠪᠠᠷᠠᠭᠤᠨᠳᠠᠬᠢ ᠠᠷᠴᠠᠲᠤ ᠵᠡᠷᠭᠡ ᠭᠠᠵᠠᠷ ᠤ᠋ᠨ ᠰᠠᠬᠢᠭᠤᠯ ᠴᠡᠷᠢᠭ ᠨᠡᠢᠰᠯᠡᠯ ᠬᠣᠲᠠ ᠶ᠋ᠢ ᠬᠠᠮᠠᠭᠠᠯᠠᠬᠤ ᠡᠭᠦᠷᠭᠡ ᠭᠦᠢᠴᠡᠳᠬᠡᠵᠦ ᠪᠠᠢᠭᠰᠠᠨ ᠪᠥᠭᠡᠳ ᠪᠠᠰᠠ ᠲᠠᠷᠢᠶ᠎ᠠ ᠲᠠᠷᠢᠵᠤ ᠥᠪᠡᠷ ᠢ᠋ ᠪᠡᠨ ᠬᠠᠩᠭᠠᠵᠤ ᠪᠠᠢᠪᠠ᠃
ᠵᠢᠭᠠᠰᠤ ᠱᠦᠭᠦᠬᠦ ᠶ᠋ᠢᠨ ᠮᠡᠷᠭᠡᠵᠢᠯ
ᠮᠣᠩᠭᠣᠯ ᠤ᠋ᠨ ᠥᠷᠭᠡᠨ ᠠᠭᠤᠳᠠᠮ ᠲᠠᠯ᠎ᠠ ᠨᠤᠲᠤᠭ ᠲᠤ᠌ ᠨᠠᠭᠤᠷ ᠤᠰᠤ᠂ᠭᠣᠣᠯ ᠮᠥᠷᠡᠨ ᠡᠯᠪᠡᠭ᠂ᠵᠢᠭᠠᠰᠤᠨ ᠤ᠋ ᠭᠠᠷᠤᠯᠲᠠ ᠪᠠᠶᠠᠯᠢᠭ᠃
ᠮᠠᠯᠴᠢᠨ ᠠᠷᠠᠳ ᠵᠢᠭᠠᠰᠤ ᠱᠦᠭᠦᠵᠦ ᠠᠵᠤ ᠠᠮᠢᠳᠤᠷᠠᠯ ᠤ᠋ᠨ ᠢ᠋ᠶ᠋ᠠᠨ ᠪᠠᠰᠠ ᠨᠢᠭᠡᠨ ᠨᠥᠬᠥᠪᠥᠷᠢ ᠣᠷᠣᠯᠭ᠎ᠠ ᠪᠣᠯᠭᠠᠳᠠᠭ ᠪᠠᠢᠪᠠ᠃ᠵᠢᠭᠠᠰᠤᠨ ᠨᠠᠭᠤᠷ᠂ᠳᠠᠯᠠᠢ ᠨᠠᠭᠤᠷ᠂ᠪᠠᠢᠭᠠᠯ ᠨᠠᠭᠤᠷ᠂ᠵᠣᠣ ᠵᠧᠦ ᠨᠠᠭᠤᠷ᠂ᠭᠣᠪᠢ ᠶ᠋ᠢᠨ ᠠᠷᠤ ᠳ᠋ᠠᠬᠢ ᠬᠡᠷᠦᠯᠦᠨ ᠭᠣᠣᠯ᠂ᠲᠤᠤᠯᠠ ᠭᠣᠣᠯ᠂ᠭᠣᠪᠢ ᠶ᠋ᠢᠨ ᠡᠮᠦᠨᠡᠬᠢ ᠣᠯᠠᠨ ᠭᠣᠣᠯ ᠵᠡᠷᠭᠡ ᠶᠡᠬᠡ ᠪᠠᠭ᠎ᠠ ᠨᠠᠭᠤᠷ ᠤᠰᠤ᠂ᠭᠣᠣᠯ ᠮᠥᠷᠡᠨ ᠵᠢᠴᠢ ᠣᠳᠣᠨ ᠮᠡᠴᠢᠳ ᠮᠡᠲᠦ ᠲᠦᠭᠡᠭᠰᠡᠨ ᠣᠯᠠᠨ ᠨᠠᠭᠤᠷ ᠴᠥᠭᠥᠷᠥᠮ ᠳ᠋ᠦ᠍ ᠵᠢᠭᠠᠰᠤ ᠶᠡᠬᠡ ᠪᠠᠢᠳᠠᠭ ᠲᠤᠯᠠ ᠡᠷᠭᠢᠨ ᠲᠣᠭᠣᠷᠢᠨ ᠤ᠋ ᠬᠢᠨᠢ ᠮᠠᠯᠴᠢᠳ ᠤ᠋ᠨ ᠵᠠᠷᠢᠮ ᠨᠢ ᠵᠢᠭᠠᠰᠤ ᠭᠥᠬᠢᠳᠡᠵᠦ᠂ᠵᠢᠭᠠᠰᠤ ᠱᠦᠭᠦᠬᠦ ᠪᠡᠷ ᠠᠵᠢᠯ ᠠᠮᠢᠳᠤᠷᠠᠯ ᠢ᠋ᠶ᠋ᠠᠨ ᠪᠣᠯᠭᠠᠵᠤ ᠪᠠᠰᠠ ᠵᠢᠭᠠᠰᠤ ᠪᠠᠷ ᠠᠯᠪᠠ ᠪᠠᠷᠢᠴᠠ ᠪᠣᠯᠭᠠᠳᠠᠭ ᠪᠠᠢᠵᠠᠢ᠃ᠡᠪᠦᠯ ᠦ᠋ᠨ ᠤᠯᠠᠷᠢᠯ ᠳ᠋ᠤ᠌ ᠮᠥᠰᠥ ᠴᠤᠭᠤᠯᠤᠨ ᠵᠢᠭᠠᠰᠤ ᠠᠩᠨᠠᠳᠠᠭ᠃ᡁᠢ ᠶᠤᠸᠠᠨ ᠤ᠋ ᠬᠣᠷᠢᠨ ᠵᠢᠷᠭᠤᠳᠤᠭᠠᠷ ᠣᠨ(1289ᠣᠨ) ᠳ᠋ᠤ᠌ ᠬᠢᠯᠢ ᠬᠢᠵᠠᠭᠠᠷ ᠤ᠋ᠨ ᠠᠷᠠᠳ ᠢᠷᠭᠡᠳ ᠠᠮᠤ ᠬᠦᠨᠡᠰᠦ ᠪᠡᠷ ᠭᠠᠴᠢᠭᠳᠠᠵᠤ ᠥᠯᠥᠰᠬᠦᠯᠡᠩ ᠪᠣᠯᠤᠭᠰᠠᠨ ᠳ᠋ᠤ᠌ ᠬᠤᠪᠢᠯᠠᠢ ᠬᠠᠭᠠᠨ ᠥᠭᠡᠰᠢ ᠲᠣᠣᠷ ᠲᠠᠷᠬᠠᠭᠠᠨ ᠱᠠᠩᠨᠠᠵᠤ ᠵᠢᠭᠠᠰᠤ ᠪᠠᠷᠢᠨ ᠠᠮᠢᠳᠤᠷᠠᠯ ᠤ᠋ᠨ ᠬᠡᠷᠡᠭᠰᠡᠯ ᠢ᠋ᠶ᠋ᠡᠨ ᠣᠯᠬᠤ ᠪᠣᠯᠲᠤᠭᠠᠢ ᠭᠡᠮᠡᠨ ᠵᠠᠷᠯᠢᠭ ᠪᠣᠯᠪᠠ᠃ᠳᠥᠷᠪᠡᠨ ᠵᠢᠯ ᠦ᠋ᠨ ᠳᠣᠲᠣᠷ᠎ᠠ3000ᠠᠯᠠᠭ᠎ᠠ ᠢᠯᠡᠬᠡᠨ ᠥᠭᠴᠦ ᠵᠢᠭᠠᠰᠤ ᠱᠦᠭᠦᠬᠦ ᠪᠡᠷ ᠭᠠᠩ ᠭᠠᠴᠢᠭ ᠢ᠋ ᠲᠤᠭᠤᠯᠤᠭᠰᠠᠨ ᠪᠤᠶᠤ᠃
ᠶᠤᠸᠠᠨ ᠤᠯᠤᠰ ᠤ᠋ᠨ ᠭᠠᠷ ᠦᠢᠯᠡᠳᠪᠦᠷᠢ ᠶ᠋ᠢᠨ ᠮᠡᠷᠭᠡᠵᠢᠯ
ᠤᠷᠢᠳᠤ ᠭᠠᠷᠤᠭᠠᠳᠤᠢ ᠥᠷᠭᠡᠨ ᠠᠭᠤᠳᠠᠮ ᠨᠤᠲᠤᠭ ᠳᠡᠪᠢᠰᠬᠡᠷ ᠪᠠ ᠣᠯᠠᠨ ᠦᠨᠳᠦᠰᠦᠲᠡᠨ ᠤᠭᠰᠠᠭᠠᠲᠠᠨ ᠢ᠋ ᠬᠠᠮᠤᠷᠤᠭᠰᠠᠨ ᠶᠡᠬᠡ ᠶᠤᠸᠠᠨ ᠤᠯᠤᠰ ᠤ᠋ᠨ ᠦᠶ᠎ᠡ ᠳ᠋ᠦ᠍ ᠡᠯ᠎ᠡ ᠦᠨᠳᠦᠰᠦᠲᠡᠨ ᠤᠭᠰᠠᠭᠠᠲᠠᠨ ᠤ᠋ ᠬᠣᠭᠣᠷᠣᠨᠳᠣᠬᠢ ᠠᠷᠠᠯᠵᠢᠶ᠎ᠠ ᠬᠤᠳᠠᠯᠳᠤᠭ᠎ᠠ᠂ᠰᠣᠶᠣᠯ ᠤ᠋ᠨ ᠰᠣᠯᠢᠯᠴᠠᠭ᠎ᠠ ᠪᠠᠷ ᠳᠠᠮᠵᠢᠨ ᠲᠡᠳᠡᠨ ᠦ᠌ ᠲᠡᠷᠢᠭᠦᠨ ᠦ᠌ ᠭᠠᠷ ᠦᠢᠯᠡᠳᠪᠦᠷᠢ ᠶ᠋ᠢᠨ ᠮᠡᠷᠭᠡᠵᠢᠯ ᠬᠠᠷᠢᠯᠴᠠᠨ ᠤᠯᠠᠮᠵᠢᠯᠠᠭᠳᠠᠨ ᠳᠠᠪᠠᠭᠤ ᠲᠠᠯ᠎ᠠ ᠪᠠᠨ ᠰᠤᠷᠤᠯᠴᠠᠨ᠂ᠲᠠᠲᠠᠭᠤ ᠲᠠᠯ᠎ᠠ ᠪᠠᠨ ᠨᠥᠬᠥᠪᠥᠷᠢᠯᠡᠭᠰᠡᠨ ᠢ᠋ᠶ᠋ᠡᠷ ᠦᠢᠯᠡᠳᠪᠦᠷᠢ ᠶ᠋ᠢᠨ ᠮᠡᠷᠭᠡᠵᠢᠯ ᠦᠳᠲᠡᠷ ᠲᠦᠷᠭᠡᠨ ᠬᠥᠭᠵᠢᠵᠦ ᠰᠢᠨ᠎ᠡ ᠨᠢᠭᠡᠨ ᠱᠠᠲᠤᠨ ᠳ᠋ᠤ᠌ ᠠᠭᠢᠵᠠᠢ᠃ᠬᠡᠪᠯᠡᠬᠦ ᠮᠡᠷᠭᠡᠵᠢᠯ ᠦ᠋ᠨ ᠲᠠᠯ᠎ᠠ ᠪᠠᠷ ᠮᠡᠷᠭᠡᠵᠢᠯᠲᠡᠨ ᠸᠠᠩ ᠵᠸᠨ ᠮᠣᠳᠣᠨ ᠰᠡᠢᠯᠦᠮᠡᠯ ᠦᠰᠦᠭ ᠪᠠ ᠡᠷᠭᠢᠭᠦᠯᠭᠡᠲᠦ ᠦᠰᠦᠭ ᠦᠷᠦᠬᠦ ᠲᠡᠷᠢᠭᠦᠨ ᠦ᠌ ᠠᠷᠭ᠎ᠠ ᠶ᠋ᠢ ᠡᠭᠦᠳᠦᠨ ᠪᠦᠲᠦᠭᠡᠭᠰᠡᠨ ᠢ᠋ᠶ᠋ᠡᠷ ᠳᠠᠷᠤᠮᠯᠠᠬᠤ ᠬᠤᠷᠳᠤᠴᠠ᠂ᠬᠡᠯᠪᠡᠷᠢ ᠶᠠᠩᠵᠤ ᠰᠢᠨ᠎ᠡ ᠱᠠᠲᠤᠨ᠎ᠠ ᠲᠠᠪᠰᠢᠨ ᠣᠷᠣᠪᠠ ᠃
ᠨᠡᠬᠡᠮᠡᠯ ᠦ᠋ᠨ ᠦᠢᠯᠡᠰ ᠦᠳᠲᠡᠷ ᠲᠦᠷᠭᠡᠨ ᠬᠥᠭᠵᠢᠵᠦ ᠮᠢᠨᠳᠠᠰᠤᠨ ᠨᠡᠬᠡᠮᠡᠯ ᠦ᠋ᠨ ᠲᠥᠷᠥᠯ ᠤᠷᠢᠳᠤ ᠡᠮᠦᠨ᠎ᠡ ᠪᠠᠢᠭ᠎ᠠ ᠦᠭᠡᠢ ᠣᠯᠠᠰᠢᠷᠠᠵᠤ᠂ᠮᠢᠨᠳᠠᠰᠤ ᠡᠷᠴᠢᠯᠡᠬᠦ ᠡᠭᠡᠷᠡᠭᠦᠯ ᠣᠷᠢᠶᠠᠬᠤ ᠬᠦᠷᠳᠦᠨ ᠲᠡᠷᠭᠡ᠂ᠭᠤᠯᠳᠤ ᠰᠢᠷᠬᠡᠭ ᠦ᠋ᠨ ᠵᠢᠶᠠᠰᠠ ᠵᠡᠷᠭᠡ ᠨᠡᠬᠡᠮᠡᠯ ᠦ᠋ᠨ ᠪᠠᠭᠠᠵᠢ ᠬᠡᠷᠡᠭᠰᠡᠯ ᠬᠢᠵᠦ ᠪᠦᠲᠦᠭᠡᠵᠡᠢ᠃
ᠶᠤᠸᠠᠨ ᠤᠯᠤᠰ ᠤ᠋ᠨ ᠦᠶ᠎ᠡ ᠳ᠋ᠦ᠍ ᠬᠤᠸᠠᠷ ᠲᠠᠢ ᠰᠠᠪᠠ ᠬᠢᠬᠦ ᠮᠡᠷᠭᠡᠵᠢᠯ ᠨᠢ ᠤᠷᠠᠨ ᠨᠠᠷᠢᠯᠢᠭ ᠭᠣᠶᠣ ᠬᠡᠭᠡᠨᠴᠢᠷ᠂ᠣᠯᠠᠨ ᠶᠠᠩᠵᠤ ᠪᠠᠢᠵᠤ ᠳᠡᠯᠡᠬᠡᠢ ᠳ᠋ᠠᠬᠢᠨ᠎ᠠ ᠠᠯᠳᠠᠷᠰᠢᠪᠠ᠃ᠴᠧᠩ ᠳ᠋ᠸ ᠬᠥᠬᠡ ᠬᠤᠸᠠᠷᠲᠠᠢ ᠲᠣᠮᠣ ᠫᠢᠯᠠ᠂ᠬᠥᠮᠦᠰ ᠦ᠋ᠨ ᠡᠯᠳᠡᠪ ᠬᠥᠳᠡᠯᠦᠯ ᠪᠠᠢᠳᠠᠯ᠂ᠦᠯᠢᠭᠡᠷ ᠳᠣᠮᠣᠭ ᠢ᠋ ᠵᠢᠷᠤᠭᠯᠠᠭᠰᠠᠨ ᠬᠥᠬᠡ ᠳᠡᠪᠢᠰᠬᠡᠷᠲᠦ ᠯᠣᠩᠬᠣ᠂ᠹᠧᠩ ᠴᠧᠩ ᠬᠣᠲᠠ ᠶ᠋ᠢᠨ ᠲᠣᠮᠣ ᠭᠥᠯᠢᠰ᠂ᠥᠨᠳᠥᠷ ᠰᠠᠭᠤᠳᠠᠯᠲᠤ ᠬᠣᠣᠰ ᠯᠤᠤ ᠶ᠋ᠢᠨ ᠪᠠᠷᠢᠭᠤᠯ ᠲᠠᠢ ᠰᠡᠢᠮᠡᠬᠡᠢ ᠰᠡᠢᠯᠪᠦᠷᠢ ᠪᠦᠬᠦᠢ ᠯᠣᠩᠬᠣ ᠨᠢ ᠶᠤᠸᠠᠨ ᠤᠯᠤᠰ ᠤ᠋ᠨ ᠰᠠᠭᠠᠯᠢ ᠶ᠋ᠢᠨ ᠰᠠᠪᠠ ᠬᠢᠬᠦ ᠤᠷᠠᠨ ᠮᠡᠷᠭᠡᠵᠢᠯ ᠦ᠋ᠨ ᠣᠬᠢ ᠰᠣᠳᠣ ᠭᠠᠢᠬᠠᠮᠰᠢᠭ ᠰᠠᠢᠬᠠᠨ ᠢ᠋ ᠬᠠᠷᠠᠭᠤᠯᠵᠠᠢ᠃
ᠶᠤᠸᠠᠨ ᠤᠯᠤᠰ ᠤ᠋ᠨ ᠦᠶᠡᠰ᠂ᠲᠡᠮᠦᠷᠯᠢᠭ ᠪᠠᠭᠠᠵᠢ ᠵᠡᠪᠰᠡᠭ ᠬᠢᠬᠦ ᠮᠡᠷᠭᠡᠵᠢᠯ᠂ᠴᠢᠨᠠᠷ ᠴᠢᠨᠰᠠᠭ᠎ᠠ ᠠᠯᠢ ᠴᠤ᠌ ᠲᠥᠷᠥ ᠶ᠋ᠢᠨ ᠦᠶ᠎ᠡ ᠡᠴᠡ ᠬᠣᠯᠠ ᠳᠠᠪᠠᠪᠠ᠃ᠡᠨᠡ ᠨᠢ ᠲᠡᠮᠦᠷ ᠪᠣᠯᠪᠠᠰᠤᠷᠠᠭᠤᠯᠬᠤ ᠮᠡᠷᠭᠡᠵᠢᠯ ᠴᠢᠳᠠᠪᠤᠷᠢ ᠳᠡᠭᠡᠭᠰᠢᠯᠡᠭᠰᠡᠨ ᠦ᠌ ᠦᠷ᠎ᠡ ᠪᠦᠲᠦᠭᠡᠯ ᠶᠦ᠍ᠮ᠃ᠳᠤᠮᠳᠠᠳᠤ ᠤᠯᠤᠰ ᠬᠡᠳᠦᠢ ᠪᠡᠷ ᠪᠣᠯᠣᠳ ᠲᠡᠮᠦᠷ ᠬᠠᠢᠯᠤᠭᠤᠯᠵᠤ ᠥᠨᠢ ᠤᠳᠠᠭᠠᠨ ᠲᠡᠦᠬᠡ ᠲᠡᠢ ᠪᠣᠯᠪᠠᠴᠤ᠂ᠶᠡᠬᠡ ᠶᠤᠸᠠᠨ ᠤᠯᠤᠰ ᠤ᠋ᠨ ᠦᠶ᠎ᠡ ᠪᠣᠯᠲᠠᠯ᠎ᠠ ᠦᠢᠯᠡᠳᠪᠦᠷᠢᠯᠡᠬᠦ ᠮᠡᠷᠭᠡᠵᠢᠯ ᠦ᠋ᠨ ᠬᠢᠵᠠᠭᠠᠷᠯᠠᠯ ᠠ᠋ᠴᠠ ᠪᠣᠯᠤᠭᠠᠳ ᠶᠡᠬᠡ ᠬᠡᠮᠵᠢᠶ᠎ᠡ ᠪᠡᠷ ᠭᠠᠩ ᠪᠣᠯᠣᠳ ᠢ᠋ ᠬᠠᠢᠯᠤᠭᠤᠯᠵᠤ ᠴᠢᠳᠠᠬᠤ ᠦᠭᠡᠢ ᠪᠠᠢᠯ᠎ᠠ᠃ᠵᠥᠪᠬᠡᠨ ᠬᠡᠳᠦ ᠲᠤᠩᠭᠠᠭᠰᠠᠨ ᠰᠢᠷᠡᠮᠦᠨ ᠲᠡᠮᠦᠷ ᠪᠣᠯᠪᠠᠰᠤᠷᠠᠭᠤᠯᠤᠨ ᠭᠠᠷᠭᠠᠵᠤ᠂ᠡᠳᠦᠷ ᠳᠣᠳᠣᠮ ᠤ᠋ᠨ ᠬᠡᠷᠡᠭᠯᠡᠳᠡᠭ ᠲᠡᠮᠦᠷᠯᠢᠭ ᠰᠠᠪᠠ ᠰᠠᠭᠤᠯᠭ᠎ᠠ᠂ᠪᠠᠭᠠᠵᠢ ᠬᠡᠷᠡᠭᠰᠡᠯ᠂ᠴᠡᠷᠢᠭ ᠦ᠋ᠨ ᠵᠡᠪᠰᠡᠭ—ᠢᠯᠳᠦ᠂ᠰᠡᠯᠡᠮ᠎ᠡ᠂ᠵᠢᠳᠠ᠂ᠬᠢᠳᠡᠭ ᠪᠠᠢᠵᠤ ᠬᠠᠲᠠᠭᠤ ᠪᠡᠬᠢᠯᠢᠭ ᠴᠢᠨᠠᠷ᠂ᠤᠶᠠᠨ ᠬᠠᠳᠠᠨ ᠴᠢᠨᠠᠷ ᠢ᠋ᠶ᠋ᠠᠷ ᠠᠨᠠᠢᠬᠠᠨ ᠪᠠᠢᠪᠠ᠃ᠶᠡᠬᠡ ᠶᠤᠸᠠᠨ ᠤᠯᠤᠰ ᠤ᠋ᠨ ᠦᠶ᠎ᠡ ᠳ᠋ᠦ᠍ ᠣᠬᠢ ᠰᠢᠯᠢᠳᠡᠭ ᠭᠠᠩ ᠪᠣᠯᠣᠳ ᠢ᠋ ᠪᠣᠯᠪᠠᠰᠤᠷᠠᠭᠤᠯᠬᠤ ᠶ᠋ᠢᠨ ᠲᠤᠯᠠ ᠲᠤᠰᠬᠠᠢ ᠪᠠᠢᠭᠤᠯᠤᠮᠵᠢ ᠭᠠᠷᠭᠠᠵᠤ ᠪᠣᠯᠣᠳ ᠲᠡᠮᠦᠷ ᠪᠣᠯᠪᠠᠰᠤᠷᠠᠭᠤᠯᠬᠤ ᠮᠡᠷᠭᠡᠵᠢᠯ ᠢ᠋ ᠰᠤᠳᠤᠯᠵᠠᠢ᠃ᠡᠷᠳᠡᠮᠲᠡᠨ ᠢ᠋ ᠬᠦᠨᠳᠦᠳᠬᠡᠨ ᠴᠢᠳᠠᠪᠤᠷᠢᠲᠠᠨ ᠢ᠋ ᠴᠤᠭᠯᠠᠭᠤᠯᠵᠤ᠂ᠪᠣᠯᠣᠳ ᠲᠡᠮᠦᠷ ᠬᠠᠢᠯᠤᠭᠤᠯᠬᠤ ᠮᠡᠷᠭᠡᠵᠢᠯ ᠢ᠋ ᠰᠤᠳᠤᠯᠤᠭᠰᠠᠨ ᠢ᠋ᠶ᠋ᠠᠷ ᠲᠤᠩ ᠶᠡᠬᠡ ᠠᠮᠵᠢᠯᠲᠠ ᠣᠯᠵᠤ᠂ᠲᠡᠮᠦᠷ ᠬᠠᠢᠯᠤᠭᠤᠯᠬᠤ ᠦᠢᠯᠡᠰ ᠢ᠋ ᠴᠦ᠍ ᠰᠢᠨ᠎ᠡ ᠱᠠᠲᠦᠨᠠ ᠠᠬᠢᠭᠤᠯᠵᠤ ᠲᠡᠮᠦᠷᠯᠢᠭ ᠪᠣᠯᠪᠠᠰᠤᠷᠠᠭᠤᠯᠬᠤ ᠮᠡᠷᠭᠡᠵᠢᠯ ᠲᠤᠬᠠᠢ ᠶ᠋ᠢᠨ ᠦᠶᠡᠰ ᠲᠡᠭᠡᠨ ᠳᠡᠯᠡᠬᠡᠢ ᠶ᠋ᠢᠨ ᠲᠡᠷᠢᠭᠦᠨ ᠦ᠌ ᠬᠡᠮᠵᠢᠶᠡᠨ ᠳ᠋ᠦ᠍ ᠬᠦᠷᠪᠡ᠃ᠦᠢᠯᠡᠳᠪᠦᠷᠢᠯᠡᠨ ᠭᠠᠷᠭᠠᠭᠰᠠᠨ ᠲᠡᠮᠦᠷ ᠴᠠᠭᠠᠷᠢᠭᠲᠤ ᠬᠤᠶᠠᠭ᠂ᠭᠠᠩ ᠳᠤᠭᠤᠯᠠᠭ᠎ᠠ᠂ᠡᠪᠬᠡᠳᠡᠭ ᠪᠠᠮᠪᠠᠢ᠂ᠭᠠᠯᠲᠤ ᠫᠤᠤ᠂ᠵᠢᠴᠢ ᠶᠡᠬᠡ ᠫᠤᠤ —《ᠵᠡᠰ ᠵᠠᠩᠵᠤᠨ》 ᠵᠡᠷᠭᠡ ᠵᠠᠷ ᠵᠡᠪᠰᠡᠭ ᠨᠢ ᠤᠯᠤᠰ ᠤ᠋ᠨ ᠬᠠᠮᠠᠭᠠᠯᠠᠯᠲᠠ ᠶ᠋ᠢᠨ ᠬᠦᠴᠦᠨ ᠢ᠋ ᠴᠢᠩᠭᠠᠷᠠᠭᠤᠯᠤᠭᠰᠠᠨ ᠪᠥᠭᠡᠳ ᠲᠠᠷᠢᠶᠠᠯᠠᠩ ᠤ᠋ᠨ ᠪᠠᠭᠠᠵᠢ ᠨᠢ ᠲᠠᠷᠢᠶᠠᠯᠠᠩ ᠠᠵᠤ ᠠᠬᠤᠢ ᠶ᠋ᠢᠨ ᠬᠥᠭᠵᠢᠯᠲᠡ ᠶ᠋ᠢ ᠴᠦ᠍ ᠶᠡᠬᠡᠪᠡᠷ ᠲᠦᠯᠬᠢᠨ ᠠᠬᠢᠭᠤᠯᠵᠠᠢ᠃
ᠶᠤᠸᠠᠨ ᠤᠯᠤᠰ ᠤ᠋ᠨ ᠦᠶᠡᠰ ᠣᠩᠭᠣᠴᠠ ᠬᠢᠬᠦ ᠮᠡᠷᠭᠡᠵᠢᠯ ᠴᠦ᠍ ᠦᠳᠲᠡᠷ ᠲᠦᠷᠭᠡᠨ ᠳᠡᠭᠡᠭᠰᠢᠯᠡᠪᠡ᠃ᠰᠤᠷᠪᠤᠯᠵᠢ ᠲᠡᠦᠬᠡᠨ ᠲᠡᠮᠳᠡᠭᠯᠡᠯ ᠢ᠋ ᠦᠨᠳᠦᠰᠦᠯᠡᠪᠡᠯ ᠶᠤᠸᠠᠨ ᠤ᠋ ᠵᠠᠰᠠᠭ ᠲᠥᠷᠥ᠂ᠵᠢᠯ ᠪᠦᠷᠢ ᠪᠠᠷᠤᠭ 5000 ᠢᠯᠡᠭᠦᠦ ᠣᠩᠭᠣᠴᠠ ᠬᠢᠳᠡᠭ᠃ᠣᠩᠭᠣᠴᠠᠨ ᠤ᠋ ᠬᠡᠯᠪᠡᠷᠢ ᠮᠠᠶᠢᠭ᠋ ᠲᠠᠰᠤᠷᠠᠯᠲᠠ ᠦᠭᠡᠢ ᠰᠢᠨᠡᠴᠢᠯᠡᠭᠳᠡᠵᠦ ᠣᠩᠭᠣᠴᠠ ᠶ᠋ᠢᠨ ᠳᠠᠭᠠᠭᠠᠴᠠ ᠶ᠋ᠢᠨ ᠬᠦᠨᠳᠦ ᠨᠢ300 ᠲᠤᠨ ᠠ᠋ᠴᠠ1300 ᠲᠤᠨ ᠬᠦᠷᠲᠡᠯᠡᠬᠢ ᠠᠳᠠᠯᠢ ᠪᠤᠰᠤ ᠬᠡᠮᠵᠢᠶ᠎ᠡ ᠲᠡᠢ ᠪᠠᠢᠵᠠᠢ᠃ᠲᠣᠮᠣ ᠣᠩᠭᠣᠴᠠ ᠨᠢ10 ᠬᠣᠣᠰ ᠠᠯᠲᠠ ᠶ᠋ᠢᠨ ᠰᠢᠷᠤᠭ᠂8 ᠵᠢᠭᠦᠷᠲᠦ ᠰᠡᠯᠢᠭᠦᠷ ᠲᠡᠢ ᠪᠠᠢᠭᠰᠠᠨ ᠠᠵᠢ᠃ᠶᠤᠸᠠᠨ ᠤᠯᠤᠰ ᠤ᠋ᠨ ᠦᠶ᠎ᠡ ᠶ᠋ᠢᠨ ᠬᠢᠭᠰᠡᠨ ᠣᠩᠭᠣᠴᠠ ᠨᠢ ᠲᠣᠮᠣ ᠪᠥᠭᠡᠳ ᠨᠠᠷᠢᠯᠢᠭ᠂ᠳᠠᠭᠠᠭᠠᠴᠠ ᠶᠡᠬᠡ᠂ᠠᠯᠤᠰ ᠤ᠋ᠨ ᠠᠶᠠᠯᠠᠯ ᠳ᠋ᠤ᠌ ᠲᠣᠬᠢᠷᠠᠮᠵᠢᠲᠠᠢ᠃ᠮᠢᠩ ᠤᠯᠤᠰ ᠤ᠋ᠨ ᠡᠬᠢᠨ ᠦ᠌ ᠦᠶ᠎ᠡ ᠪᠡᠷ ᠵᠧᠩ ᠾᠧ ᠶ᠋ᠢᠨ ᠪᠠᠷᠠᠭᠤᠨ ᠳᠠᠯᠠᠢ ᠪᠠᠷ ᠠᠶᠠᠯᠠᠵᠤ ᠶᠠᠪᠤᠭᠰᠠᠨ ᠨᠢ ᠵᠥᠪᠬᠡᠨ ᠶᠤᠸᠠᠨ ᠤᠯᠤᠰ ᠤ᠋ᠨ ᠦᠶ᠎ᠡ ᠶ᠋ᠢᠨ ᠳᠠᠯᠠᠢᠴᠢᠨ ᠤ᠋ ᠦᠯᠡᠳᠡᠭᠡᠭᠰᠡᠨ ᠦᠢᠯᠡᠰ ᠢ᠋ ᠵᠠᠯᠭᠠᠮᠵᠢᠯᠠᠨ ᠠᠪᠴᠤ᠂ᠤᠷᠢᠳᠤᠬᠢ ᠬᠥᠮᠦᠨ ᠦ᠌ ᠮᠥᠷ ᠢ᠋ᠶ᠋ᠡᠷ ᠠᠯᠬᠤᠭᠰᠠᠨ ᠲᠡᠳᠦᠢ ᠯᠡ ᠪᠢᠯᠡ᠃ᠶᠤᠸᠠᠨ ᠤᠯᠤᠰ ᠤ᠋ᠨ ᠦᠶ᠎ᠡ ᠳ᠋ᠦ᠍ ᠣᠳᠣᠳ ᠤ᠋ᠨ ᠪᠠᠢᠷᠢ ᠪᠠᠷ ᠭᠠᠵᠠᠷ ᠵᠦᠢ ᠶ᠋ᠢᠨ ᠤᠷᠲᠤᠷᠢᠭ᠂ᠥᠷᠭᠡᠷᠢᠭ ᠢ᠋ ᠬᠡᠮᠵᠢᠨ ᠲᠣᠭᠲᠠᠭᠠᠬᠤ ᠠᠷᠭ᠎ᠠ ᠪᠠᠷ ᠠᠯᠤᠰ ᠤ᠋ᠨ ᠳᠠᠯᠠᠢ ᠳ᠋ᠤ᠌ ᠠᠶᠠᠯᠠᠳᠠᠭ ᠰᠢᠨ᠎ᠡ ᠠᠷᠭ᠎ᠠ ᠪᠠᠷᠢᠯ ᠢ᠋ ᠡᠭᠦᠳᠦᠭᠰᠡᠨ ᠨᠢ ᠬᠣᠢᠴᠢ ᠦᠶ᠎ᠡ ᠶ᠋ᠢᠨ ᠬᠥᠮᠦᠰ ᠦ᠋ᠨ ᠠᠯᠤᠰ ᠤ᠋ᠨ ᠠᠶᠠᠯᠠᠯ ᠬᠢᠬᠦ ᠳ᠋ᠦ᠍ ᠪᠠᠰᠠ ᠨᠢᠭᠡᠨ ᠴᠢᠬᠤᠯᠠ ᠨᠥᠬᠥᠴᠡᠯ ᠪᠦᠷᠢᠯᠳᠦᠭᠦᠯᠦᠨ ᠦᠭᠭᠦᠭᠰᠡᠨ ᠶᠦ᠍ᠮ᠃
ᠶᠤᠸᠠᠨ ᠤᠯᠤᠰ ᠤ᠋ᠨ ᠭᠠᠷ ᠦᠢᠯᠡᠳᠪᠦᠷᠢ ᠨᠢ ᠠᠯᠪᠠᠨ ᠤ᠋ ᠪᠠ ᠢᠷᠭᠡᠨ ᠦ᠌ ᠭᠡᠬᠦ ᠬᠣᠶᠠᠷ ᠵᠦᠢᠯ ᠢ᠋ᠶ᠋ᠡᠷ ᠬᠥᠭᠵᠢᠪᠡ᠃ᠢᠯᠠᠩᠭᠤᠶ᠎ᠠ ᠠᠯᠪᠠᠨ ᠤ᠋ ᠭᠠᠷ ᠦᠢᠯᠡᠳᠪᠦᠷᠢ ᠳᠣᠪᠣᠢᠮ᠎ᠠ ᠬᠥᠭᠵᠢᠭᠰᠡᠨ ᠶᠠᠪᠤᠳᠠᠯ ᠪᠣᠯ ᠮᠣᠩᠭᠣᠯ ᠣᠷᠣᠨ ᠤ᠋ ᠭᠠᠷ ᠦᠢᠯᠡᠳᠪᠦᠷᠢ ᠶ᠋ᠢᠨ ᠣᠨᠴᠠᠯᠢᠭ ᠪᠠᠢᠪᠠ᠃ᠮᠣᠩᠭᠣᠯ ᠤ᠋ᠨ ᠨᠣᠶᠠᠷᠬᠠᠭᠴᠢᠳ ᠨᠢ ᠤᠷᠠᠴᠤᠳ ᠢ᠋ ᠣᠨᠴᠠ ᠶᠡᠬᠡ ᠴᠢᠬᠤᠯᠠᠴᠢᠯᠠᠳᠠᠭ ᠪᠠᠢᠭᠰᠠᠨ ᠪᠣᠯᠬᠣᠷ ᠡᠯ᠎ᠡ ᠭᠠᠵᠠᠷ ᠠ᠋ᠴᠠ ᠤᠷᠠᠴᠤᠳ ᠢ᠋ ᠴᠤᠭᠯᠠᠭᠤᠯᠤᠨ ᠠᠪᠴᠢᠷᠠᠭᠠᠳ ᠬᠠᠭᠠᠨ ᠣᠷᠳᠣᠨ ᠪᠠ ᠸᠠᠩ ᠨᠣᠶᠠᠳ ᠤ᠋ ᠣᠷᠳᠣᠨ ᠳ᠋ᠤ᠌ ᠴᠡᠷᠢᠭ ᠦ᠋ᠨ ᠵᠠᠷ ᠵᠡᠪᠰᠡᠭ᠂ᠬᠤᠶᠠᠭ ᠳᠤᠭᠤᠯᠠᠭ᠎ᠠ᠂ᠵᠦᠢᠯ ᠪᠦᠷᠢ ᠶ᠋ᠢᠨ ᠡᠳ᠋ᠯᠡᠯ ᠬᠡᠷᠡᠭᠰᠡᠯ᠂ᠵᠠᠰᠠᠯ ᠵᠢᠮᠰᠡᠭ ᠬᠢᠯᠭᠡᠳᠡᠭ ᠪᠠᠢᠵᠠᠢ᠃ᠭᠣᠪᠢ ᠶ᠋ᠢᠨ ᠡᠮᠦᠨᠡᠬᠢ ᠣᠷᠣᠨ ᠤ᠋ ᠭᠠᠷ ᠦᠢᠯᠡᠳᠪᠦᠷᠢ ᠨᠡᠩ ᠢᠯᠡᠭᠦᠦ ᠬᠥᠭᠵᠢᠭᠰᠡᠨ ᠪᠠᠢᠪᠠ᠃ᠱᠠᠩᠳᠤ ᠬᠣᠲᠠ ᠳ᠋ᠤ᠌ ᠠᠯᠪᠠᠨ ᠤ᠋ ᠡᠵᠡᠩᠨᠡᠭᠰᠡᠨ ᠤᠷᠠᠴᠤᠳ ᠤ᠋ᠨ ᠪᠠᠢᠭᠤᠯᠤᠮᠵᠢ ᠶᠡᠬᠡ ᠣᠯᠠᠨ᠂ᠲᠡᠮᠦᠷ ᠦ᠋ᠨ ᠲᠣᠪᠴᠢᠶ᠎ᠠ᠂ᠬᠤᠶᠠᠭ ᠳᠤᠭᠤᠯᠠᠭ᠎ᠠ ᠶ᠋ᠢᠨ ᠤᠷᠠᠴᠤᠳ ᠢ᠋ ᠬᠠᠮᠢᠶᠠᠷᠬᠤ ᠬᠡᠯᠲᠡᠰ᠂ᠠᠯᠲᠠ ᠮᠥᠩᠭᠥᠨ ᠰᠠᠪᠠ ᠰᠠᠭᠤᠯᠠᠭ᠎ᠠ ᠶ᠋ᠢᠨ ᠲᠣᠪᠴᠢᠶ᠎ᠠ᠂ᠣᠷᠳᠣᠨ ᠤ᠋ ᠰᠠᠪᠠ ᠬᠡᠷᠡᠭᠰᠡᠯ ᠢ᠋ ᠦᠢᠯᠡᠳᠬᠦ ᠲᠣᠪᠴᠢᠶ᠎ᠠ᠂ᠱᠠᠩᠳᠤ ᠶ᠋ᠢᠨ ᠵᠡᠪᠰᠡᠭ ᠦᠢᠯᠡᠳᠬᠦ ᠲᠣᠪᠴᠢᠶ᠎ᠠ᠂ᠢᠰᠡᠭᠡᠢ ᠶ᠋ᠢᠨ ᠲᠣᠪᠴᠢᠶ᠎ᠠ᠂ᠨᠣᠣᠰᠣᠨ ᠤ᠋ ᠲᠣᠪᠴᠢᠶ᠎ᠠ᠂ ᠨᠣᠣᠰᠣᠨ ᠤᠲᠠᠰᠤ ᠡᠭᠡᠷᠡᠬᠦ ᠲᠣᠪᠴᠢᠶ᠎ᠠ᠂ᠠᠷᠠᠰᠤ ᠰᠢᠷᠢ ᠪᠣᠯᠪᠠᠰᠤᠷᠠᠭᠤᠯᠬᠤ ᠢᠯᠭᠢᠨ ᠠᠷᠠᠰᠤᠨ ᠤ᠋ ᠲᠣᠪᠴᠢᠶ᠎ᠠ᠂ᠰᠠᠷᠢᠰᠤᠨ ᠠᠷᠠᠰᠤᠨ ᠤ᠋ ᠲᠣᠪᠴᠢᠶ᠎ᠠ᠂ᠡᠮᠡᠭᠡᠯ ᠬᠢᠬᠦ ᠲᠣᠪᠴᠢᠶ᠎ᠠ᠂ᠰᠠᠪᠠ ᠰᠠᠭᠤᠯᠠᠭ᠎ᠠ ᠶ᠋ᠢᠨ ᠲᠣᠪᠴᠢᠶ᠎ᠠ᠂ᠪᠥᠰ ᠪᠠᠷᠠᠭ᠎ᠠ ᠨᠡᠬᠡᠵᠦ ᠪᠣᠳᠣᠭ ᠣᠷᠣᠭᠤᠯᠬᠤ ᠬᠡᠯᠲᠡᠰ᠂ᠮᠣᠳᠣ ᠣᠭᠲᠣᠯᠬᠤ ᠦᠢᠯᠡ ᠶ᠋ᠢ ᠬᠠᠮᠢᠶᠠᠷᠬᠤ ᠲᠣᠪᠴᠢᠶ᠎ᠠ᠂ ᠱᠠᠩᠳᠤ ᠶ᠋ᠢᠨ ᠠᠷᠢᠬᠢᠨ ᠬᠥᠮᠥᠷᠭᠡ ᠵᠡᠷᠭᠡ ᠣᠯᠠᠨ ᠭᠠᠷ ᠦᠢᠯᠡᠳᠪᠦᠷᠢ ᠪᠠ ᠲᠡᠭᠦᠨ ᠢ᠋ ᠬᠠᠮᠢᠶᠠᠷᠬᠤ ᠪᠠᠢᠭᠤᠯᠤᠮᠵᠢ ᠪᠠᠢᠵᠠᠢ᠃ᠴᠣᠬᠣᠮ ᠬᠦ᠌ ᠵᠠᠭᠤᠨ ᠵᠦᠢᠯ ᠤᠨ ᠤᠷᠠᠨ ᠳᠠᠷᠬᠠᠳ ᠪᠦᠷᠢᠯᠳᠦᠭᠰᠡᠨ ᠠᠵᠢ᠃ᡁᠢ ᠶᠤᠸᠠᠨ ᠤ᠋ ᠭᠤᠴᠢᠳᠤᠭᠠᠷ ᠣᠨ(1293ᠣᠨ) ᠤ᠋ ᠪᠦᠷᠢᠳᠬᠡᠯ ᠢ᠋ᠶ᠋ᠡᠷ ᠱᠠᠩᠳᠤ ᠬᠣᠲᠠ ᠶ᠋ᠢᠨ ᠤᠷᠠᠴᠤᠤᠯ 2999ᠡᠷᠦᠬᠡ ᠪᠠᠢᠪᠠ᠃ᠠᠯᠢ ᠡᠷᠲᠡ ᡁᠢ ᠶᠤᠸᠠᠨ ᠤ᠋ ᠠᠷᠪᠠᠨ ᠨᠠᠢ᠍ᠮᠠᠳᠤᠭᠠᠷ ᠣᠨ ᠳ᠋ᠤ᠌ ᠱᠠᠩᠳᠤ ᠶ᠋ᠢᠨ ᠬᠠᠷᠢᠶ᠎ᠠ ᠣᠷᠳᠣᠨ ᠢ᠋ ᠨᠡᠢᠭᠡᠮᠯᠡᠨ ᠵᠠᠬᠢᠷᠬᠤ ᠬᠡᠯᠲᠡᠰ ᠢ᠋ ᠪᠠᠢᠭᠤᠯᠤᠭᠠᠳ ᠤᠷᠠᠨ ᠳᠠᠷᠬᠠᠳ ᠤ᠋ᠨ ᠵᠠᠷᠭᠤ ᠵᠠᠭᠠᠯᠳᠤᠯᠭ᠎ᠠ ᠶ᠋ᠢ ᠲᠠᠰᠤᠯᠤᠨ ᠰᠢᠢᠳᠬᠡᠵᠦ ᠪᠠᠢᠭᠰᠠᠨ ᠪᠢᠯᠡ᠃ᠱᠠᠩᠳᠤ ᠶ᠋ᠢᠨ ᠬᠠᠭᠤᠴᠢ ᠪᠠᠭᠤᠷᠢ ᠪᠠ ᠬᠤᠸᠠᠨᠵᠸᠤ ᠪᠠᠯᠭᠠᠳ᠂ᠪᠣᠷᠣ ᠬᠣᠲᠠ᠂ᠴᠠᠭᠠᠨ ᠬᠣᠲᠠ᠂ᠢᠩ ᠴᠠᠩ ᠬᠣᠲᠠ ᠠ᠋ᠴᠠ ᠮᠠᠯᠲᠠᠵᠤ ᠭᠠᠷᠭᠠᠭᠰᠠᠨ ᠸᠠᠭᠠᠷ ᠲᠣᠭᠣᠰᠬ᠎ᠠ᠂ᠱᠠᠭᠠᠵᠠᠩ ᠰᠠᠪᠠ ᠶ᠋ᠢᠨ ᠲᠥᠷᠥᠯ ᠵᠦᠢᠯ ᠣᠯᠠᠨ᠂ᠬᠡᠯᠪᠡᠷᠢ ᠳᠦᠷᠰᠦ ᠭᠣᠶᠣ᠂ᠬᠢᠴᠡ ᠶ᠋ᠢᠨ ᠮᠡᠷᠭᠡᠵᠢᠯ ᠨᠠᠷᠢᠯᠢᠭ᠂ᠬᠡᠪ ᠨᠠᠮᠪᠠ ᠪᠠᠶᠠᠯᠢᠭ᠃ᠵᠥᠪᠬᠡᠨ ᠱᠠᠩᠳᠤ ᠶ᠋ᠢᠨ ᠪᠠᠷᠢᠯᠭ᠎ᠠ ᠶ᠋ᠢᠨ ᠲᠣᠭᠣᠰᠬ᠎ᠠ ᠨᠢ17 ᠵᠦᠢᠯ ᠪᠠᠢᠭᠰᠠᠨ ᠭᠡᠵᠦ ᠨᠢᠭᠡᠨ ᠬᠠᠭᠤᠴᠢ ᠰᠣᠨᠢᠷᠬᠠᠭᠴᠢ ᠠᠬᠠᠮᠠᠳ ᠪᠦᠷᠢᠳᠬᠡᠨ ᠬᠡᠯᠡᠵᠦ ᠪᠢᠯᠡ᠃ᠶᠤᠸᠠᠨ ᠤᠯᠤᠰ ᠤ᠋ᠨ ᠦᠶ᠎ᠡ ᠶ᠋ᠢᠨ ᠸᠠᠭᠠᠷ ᠰᠠᠪᠠ ᠶ᠋ᠢᠨ ᠪᠦᠲᠦᠭᠡᠯ ᠨᠢ ᠬᠡᠯᠪᠡᠷᠢ ᠳᠦᠷᠰᠦ᠂ᠬᠡᠪ ᠤᠷᠠᠯᠠᠯ᠂ᠶᠠᠰᠤ ᠴᠢᠨᠠᠷ᠂ᠶᠠᠩᠵᠤ ᠲᠥᠷᠥᠯ ᠢ᠋ᠶ᠋ᠡᠷ ᠢ᠋ᠶ᠋ᠡᠨ ᠨᠢᠭᠡᠨᠲᠡ ᠭᠠᠷ ᠤᠷᠠᠯᠠᠯ ᠤ᠋ᠨ ᠳᠡᠭᠡᠳᠦ ᠣᠷᠭᠢᠯ ᠳ᠋ᠤ᠌ ᠬᠦᠷᠴᠡᠢ᠃ᠱᠠᠩᠳᠤ ᠶ᠋ᠢᠨ ᠲᠣᠭᠣᠷᠢᠨ ᠳ᠋ᠤ᠌ ᠢᠯᠡᠷᠡᠭᠰᠡᠨ ᠴᠠᠭᠠᠰᠤᠨ ᠦᠢᠯᠡᠳᠬᠡᠯ ᠦ᠋ᠨ ᠬᠡᠷᠡᠭᠯᠡᠵᠦ ᠪᠠᠢᠭᠰᠠᠨ ᠴᠢᠯᠠᠭᠤᠨ ᠣᠩᠭᠣᠴᠠ᠂ᠪᠣᠳᠣᠭ ᠪᠠ ᠪᠥᠰ ᠳᠠᠷᠤᠰᠢᠭᠤᠯᠳᠠᠭ ᠬᠦᠷᠳᠦᠨ ᠴᠢᠯᠠᠭᠤ ᠨᠢ ᠲᠤᠰ ᠣᠷᠣᠨ ᠳ᠋ᠤ᠌ ᠴᠠᠭᠠᠰᠤ ᠬᠢᠬᠦ᠂ᠪᠣᠳᠣᠭ ᠣᠷᠣᠭᠤᠯᠬᠤ ᠭᠠᠷ ᠦᠢᠯᠡᠳᠪᠦᠷᠢ ᠪᠠᠢᠭᠰᠠᠨ ᠤ᠋ ᠪᠠᠲᠤ ᠭᠡᠷᠡᠴᠢ ᠶᠦ᠍ᠮ᠃
ᠶᠤᠸᠠᠨ ᠤᠯᠤᠰ ᠤ᠋ᠨ ᠦᠶᠡᠰ ᠮᠣᠩᠭᠣᠯᠴᠤᠳ ᠤ᠋ᠨ ᠤᠯᠠᠮᠵᠢᠯᠠᠯᠲᠤ ᠢᠰᠡᠭᠡᠢ ᠬᠢᠬᠦ ᠮᠡᠷᠭᠡᠵᠢᠯ ᠨᠢ ᠰᠢᠨ᠎ᠡ ᠱᠠᠲᠤᠨ ᠳ᠋ᠤ᠌ ᠠᠬᠢᠵᠤ ᠳᠤᠯᠠᠭᠠᠨ ᠤ᠋ ᠢᠯᠴᠢ ᠶ᠋ᠢ ᠨᠡᠮᠡᠭᠳᠡᠭᠦᠯᠬᠦ᠂ᠤᠰᠤ ᠴᠢᠭᠢᠭ ᠦᠯᠦ ᠨᠡᠪᠲᠡᠷᠡᠭᠦᠯᠬᠦ ᠴᠢᠨᠠᠷ ᠢ᠋ ᠨᠢ ᠥᠨᠳᠥᠷᠵᠢᠭᠦᠯᠬᠦ ᠣᠯᠠᠨ ᠵᠦᠢᠯ ᠦ᠋ᠨ ᠠᠷᠭ᠎ᠠ ᠶ᠋ᠢ ᠨᠡᠭᠡᠭᠡᠵᠦ ᠣᠯᠤᠭᠰᠠᠨ ᠢ᠋ᠶ᠋ᠠᠷ ᠪᠠᠷᠠᠬᠤ ᠦᠭᠡᠢ ᠢᠰᠡᠭᠡᠢ ᠶ᠋ᠢ ᠴᠣᠬᠣᠢ᠂ᠴᠠᠭᠠᠨ ᠰᠢᠷᠣᠢ᠂ᠶᠠᠰᠤᠨ ᠤ᠋ ᠲᠠᠯᠬ᠎ᠠ ᠦᠭᠢᠷᠡᠮᠩ ᠢ᠋ᠶ᠋ᠡᠷ ᠤᠯᠠᠮ ᠴᠠᠭᠠᠨ ᠪᠣᠯᠭᠠᠳᠠᠭ ᠡᠷᠲᠡᠨ ᠦ᠌ ᠠᠷᠭ᠎ᠠ ᠤᠬᠠᠭᠠᠨ ᠢᠶᠠᠨ ᠴᠢᠨᠠᠭᠰᠢᠳᠠ ᠬᠥᠭᠵᠢᠭᠦᠯᠪᠡ᠃ᠪᠠᠰᠠ ᠥᠭᠡᠬᠦ᠂ᠬᠣᠨᠢᠨ ᠤ᠋ ᠰᠢᠷ᠎ᠠ ᠰᠦ ᠵᠡᠷᠭᠡ ᠶ᠋ᠢ ᠬᠡᠷᠡᠭᠯᠡᠵᠦ ᠤᠰᠤ ᠴᠢᠭᠢᠭ ᠦᠯᠦ ᠨᠡᠪᠲᠡᠷᠡᠬᠦ ᠣᠬᠢ ᠰᠠᠢᠨ ᠬᠠᠷ᠎ᠠ ᠢᠰᠡᠭᠡᠢ ᠦᠢᠯᠡᠳᠪᠦᠷᠢᠯᠡᠬᠦ ᠤᠬᠠᠭᠠᠨ ᠢ᠋ ᠶᠡᠬᠡᠳᠡ ᠳᠡᠯᠭᠡᠷᠡᠭᠦᠯᠦᠭᠰᠡᠨ ᠶᠦ᠍ᠮ᠃
ᠭᠡᠷ ᠲᠡᠷᠭᠡ ᠪᠣᠯ ᠮᠣᠩᠭᠣᠯ ᠦᠨᠳᠦᠰᠦᠲᠡᠨ ᠦ᠌ ᠤᠷᠠᠴᠤᠤᠯ ᠤ᠋ᠨ ᠲᠤᠰᠬᠠᠢ ᠪᠦᠲᠦᠭᠡᠯ ᠶᠦ᠍ᠮ᠃ᠶᠤᠸᠠᠨ ᠤ᠋ ᠦᠶ᠎ᠡ ᠳ᠋ᠦ᠍ ᠭᠡᠷ ᠪᠠ ᠲᠡᠷᠭᠡ ᠶ᠋ᠢ ᠬᠣᠣᠰᠯᠠᠭᠤᠯᠤᠨ ᠬᠢᠳᠡᠭ ᠡᠷᠲᠡᠨ ᠦ᠌ ᠤᠯᠠᠮᠵᠢᠯᠠᠯᠲᠤ ᠤᠬᠠᠭᠠᠨ ᠢ᠋ᠶ᠋ᠠᠨ ᠤᠯᠠᠮ ᠬᠥᠭᠵᠢᠭᠦᠯᠵᠦ ᠨᠠᠷᠢᠨ ᠪᠦᠲᠦᠴᠡ ᠪᠦᠬᠦᠢ ᠲᠣᠮᠣ ᠬᠡᠯᠪᠡᠷᠢ ᠶ᠋ᠢᠨ ᠭᠡᠷ ᠲᠡᠷᠭᠡ ᠶ᠋ᠢ ᠦᠢᠯᠡᠳᠦᠭᠰᠡᠨ ᠪᠥᠭᠡᠳ ᠪᠠᠰᠠ ᠰᠢᠨ᠎ᠡ ᠵᠦᠢᠯ ᠨᠡᠮᠡᠵᠦ ᠪᠦᠰᠡᠯᠡᠭᠦᠷ ᠮᠣᠳᠣᠨ ᠬᠠᠶᠠᠭᠠᠪᠴᠢ ᠬᠢᠭᠰᠡᠨ ᠪᠠᠢᠨ᠎ᠠ᠃ᠲᠡᠷᠭᠡᠨ ᠦ᠌ ᠲᠡᠩᠭᠡᠯᠢᠭ ᠲᠦ᠍ ᠲᠡᠮᠦᠷ ᠬᠣᠯᠬᠣᠪᠴᠢ ᠴᠥᠩ ᠲᠣᠬᠢᠷᠠᠭᠤᠯᠵᠤ ᠥᠷᠥᠯᠲᠡ ᠶ᠋ᠢ ᠨᠢ ᠪᠠᠭᠠᠰᠬᠠᠨ ᠳᠠᠭᠠᠭᠠᠴᠠ ᠶ᠋ᠢ ᠨᠢ ᠳᠡᠭᠡᠭᠰᠢᠯᠡᠭᠦᠯᠵᠡᠢ᠃ᠶᠤᠸᠠᠨ ᠤᠯᠤᠰ ᠤ᠋ᠨ ᠵᠠᠰᠠᠭ ᠨᠢ ᠠᠯᠪᠠᠨ ᠤ᠋ ᠭᠠᠷ ᠦᠢᠯᠡᠳᠪᠦᠷᠢ ᠶ᠋ᠢᠨ ᠬᠥᠭᠵᠢᠯᠲᠡ ᠶ᠋ᠢ ᠲᠡᠳᠬᠦᠨ ᠲᠤᠰᠠᠯᠠᠵᠤ ᠱᠠᠩ ᠬᠡᠰᠢᠭ ᠣᠯᠭᠣᠳᠠᠭ ᠪᠠᠢᠵᠠᠢ᠃ᡁᠢ ᠶᠤᠸᠠᠨ ᠤ᠋ ᠬᠣᠷᠢᠨ ᠭᠤᠷᠪᠠᠳᠤᠭᠠᠷ ᠣᠨ(1286ᠣᠨ) ᠳ᠋ᠤ᠌ ᠺᠠᠮ ᠺᠠᠮᠴᠤᠳ ᠤ᠋ᠨ ᠡᠯ᠎ᠡ ᠲᠣᠪᠴᠢᠶᠠᠨ ᠤ᠋ ᠤᠷᠠᠴᠤᠳ ᠲᠤ᠌56000ᠢᠯᠡᠭᠦᠦ ᠬᠡᠰᠡᠭ ᠮᠥᠩᠭᠥ ᠰᠣᠶᠣᠷᠬᠠᠪᠠ᠃ᠳ᠋ᠠ ᠳᠧ ᠶ᠋ᠢᠨ ᠲᠠᠪᠤᠳᠤᠭᠠᠷ ᠣᠨ(1301ᠣᠨ) ᠳ᠋ᠤ᠌ ᠱᠠᠩᠳᠤ ᠬᠣᠲᠠ ᠶ᠋ᠢᠨ ᠣᠯᠠᠨ ᠤᠷᠠᠴᠤᠳ ᠲᠤ᠌ 21ᠲᠦᠮᠡ ᠢᠯᠡᠭᠦᠦ ᠬᠡᠰᠡᠭ ᠮᠥᠩᠭᠥ ᠬᠠᠢᠷᠠᠯᠠᠵᠠᠢ᠃
ᠢᠷᠭᠡᠨ ᠦ᠌ ᠭᠠᠷ ᠦᠢᠯᠡᠳᠪᠦᠷᠢ ᠨᠢ ᠭᠣᠣᠯᠳᠠᠭᠤ ᠱᠠᠭᠠᠵᠠᠩ᠂ᠮᠣᠳᠣ᠂ᠲᠡᠮᠦᠷ᠂ᠠᠯᠲᠠ ᠮᠥᠩᠭᠥᠨ ᠦ᠌ ᠳᠠᠷᠬᠠᠳ ᠪᠠᠢᠵᠤ ᠱᠠᠭᠠᠵᠠᠩ ᠰᠠᠪᠠ ᠶ᠋ᠢᠨ ᠶᠣᠣ ᠰᠢᠲᠠᠭᠠᠬᠤ᠂ᠲᠠᠷᠢᠶᠠᠯᠠᠩ ᠤ᠋ᠨ ᠪᠠᠭᠠᠵᠢ ᠬᠡᠷᠡᠭᠰᠡᠯ ᠴᠢᠳᠬᠤᠵᠤ ᠳᠠᠪᠲᠠᠬᠤ᠂ᠮᠣᠩᠭᠣᠯ ᠭᠡᠷ ᠬᠢᠬᠦ᠂ᠪᠠᠢᠰᠢᠩ ᠪᠠᠷᠢᠬᠤ᠂ᠮᠣᠳᠣᠨ ᠰᠠᠪᠠ ᠬᠡᠷᠡᠭᠰᠡᠯ ᠬᠢᠬᠦ᠂ᠠᠯᠲᠠ ᠮᠥᠩᠭᠥᠨ ᠵᠠᠰᠠᠯ ᠵᠢᠮᠰᠡᠭ ᠬᠢᠬᠦ ᠵᠡᠷᠭᠡ ᠠᠷᠠᠳ ᠤ᠋ᠨ ᠠᠮᠢᠳᠤᠷᠠᠯ ᠤ᠋ᠨ ᠬᠡᠷᠡᠭᠯᠡᠭᠳᠡᠬᠦᠨ ᠢ᠋ ᠭᠣᠣᠯ ᠦᠢᠯᠡᠳᠪᠦᠷᠢᠯᠡᠵᠦ ᠪᠠᠢᠵᠠᠢ᠃ᠸᠠᠩ ᠨᠣᠶᠠᠳ ᠲᠠᠢᠵᠢ ᠢᠵᠠᠭᠤᠷᠲᠠᠨ᠂ᠭᠠᠪᠢᠶᠠᠲᠤ ᠲᠦᠰᠢᠮᠡᠯ ᠬᠤᠪᠢ ᠭᠠᠵᠠᠷ ᠲᠠᠭᠠᠨ ᠪᠠᠰᠠ ᠣᠯᠠᠨ ᠲᠣᠭᠠᠨ ᠤ᠋ ᠤᠷᠠᠴᠤᠳ ᠢ᠋ ᠴᠤᠭᠯᠠᠷᠠᠭᠤᠯᠵᠤ ᠥᠪᠡᠷᠰᠡᠳ ᠦ᠋ᠨ ᠬᠡᠷᠡᠭᠯᠡᠬᠦ ᠶᠠᠩᠵᠤ ᠪᠦᠷᠢ ᠶ᠋ᠢᠨ ᠡᠳ᠋ᠯᠡᠯ ᠬᠡᠷᠡᠭᠰᠡᠯ᠂ᠵᠠᠰᠠᠯ ᠵᠢᠮᠰᠡᠭ᠂ᠵᠠᠷ ᠵᠡᠪᠰᠡᠭ ᠢ᠋ ᠦᠢᠯᠡᠳᠳᠡᠭ᠃ᠢᠷᠭᠡᠨ ᠦ᠌ ᠭᠠᠷ ᠦᠢᠯᠡᠳᠪᠦᠷᠢ ᠶ᠋ᠢ《ᠭᠡᠷ ᠦ᠋ᠨ ᠬᠦᠦ᠂ᠡᠯᠳᠡᠪ ᠢᠷᠭᠡᠳ ᠤᠷᠠᠴᠤᠳ ᠢ᠋ ᠨᠡᠢᠭᠡᠮᠯᠡᠨ ᠬᠠᠮᠢᠶᠠᠷᠬᠤ ᠶᠡᠷᠦᠩᠬᠡᠢ ᠵᠠᠬᠢᠷᠤᠭᠴᠢ ᠶ᠋ᠢᠨ ᠣᠷᠳᠣᠨ ᠳ᠋ᠤ᠌ ᠬᠠᠷᠢᠶᠠᠯᠠᠭᠳᠠᠬᠤ᠂ᠱᠠᠩᠳᠤ ᠶ᠋ᠢᠨ ᠭᠡᠷ ᠦ᠋ᠨ ᠬᠦᠦ᠂ᠡᠯᠳᠡᠪ ᠤᠷᠠᠴᠤᠳ ᠢ᠋ ᠬᠠᠮᠢᠶᠠᠷᠬᠤ ᠲᠣᠪᠴᠢᠶ᠎ᠠ》᠂《ᠱᠠᠩᠳᠤ ᠶ᠋ᠢᠨ ᠭᠡᠷ ᠦ᠋ᠨ ᠬᠦᠦ ᠶ᠋ᠢᠨ ᠨᠣᠣᠰᠣ ᠨᠣᠣᠯᠣᠭᠤᠷ ᠢ᠋ ᠬᠠᠮᠢᠶᠠᠷᠬᠤ ᠲᠣᠪᠴᠢᠶ᠎ᠠ》ᠵᠠᠬᠢᠷᠴᠤ ᠪᠠᠢᠪᠠ᠃ᠮᠣᠩᠭᠣᠯ ᠣᠷᠣᠨ ᠤ᠋ ᠮᠠᠯᠴᠢᠳ ᠤ᠋ᠨ ᠭᠠᠷ ᠦᠢᠯᠡᠳᠪᠦᠷᠢ ᠨᠢ ᠮᠥᠨ ᠲᠡᠳᠡᠨ ᠦ᠌ ᠭᠡᠷ ᠪᠦᠯᠢ ᠶ᠋ᠢᠨ ᠲᠤᠰᠠᠯᠠᠬᠤ ᠦᠢᠯᠡᠳᠪᠦᠷᠢᠯᠡᠯ ᠪᠣᠯᠵᠤ ᠪᠠᠢᠵᠠᠢ᠃ᠡᠷᠡᠭᠲᠡᠢᠴᠦᠳ ᠨᠢ ᠨᠤᠮᠤ ᠰᠤᠮᠤ ᠬᠢᠬᠦ᠂ᠡᠮᠡᠭᠡᠯ ᠬᠠᠵᠠᠭᠠᠷ ᠬᠢᠬᠦ᠂ᠭᠡᠷ ᠲᠡᠷᠭᠡ᠂ᠬᠥᠰᠬᠡ ᠮᠠᠢᠬᠠᠨ ᠬᠢᠬᠦ᠂ᠠᠷᠠᠰᠤ ᠰᠢᠷᠢ ᠡᠯᠳᠡᠬᠦ᠂ᠢᠰᠡᠭᠡᠢ ᠬᠢᠬᠦ᠂ᠰᠠᠭᠠᠯᠢ ᠶ᠋ᠢᠨ ᠠᠷᠢᠬᠢ ᠨᠡᠷᠡᠬᠦ ᠂ᠡᠮᠡᠭᠲᠡᠢᠴᠦᠳ ᠨᠢ ᠰᠠᠭᠠᠯᠢ ᠰᠦ ᠪᠣᠯᠪᠠᠰᠤᠷᠠᠭᠤᠯᠬᠤ᠂ᠨᠡᠬᠡᠢ ᠳᠡᠪᠡᠯ᠂ᠪᠥᠰ ᠲᠡᠷᠯᠢᠭ᠂ᠠᠷᠠᠰᠤᠨ ᠭᠤᠲᠤᠯ᠂ᠪᠤᠯᠠᠭᠠᠨ ᠮᠠᠯᠠᠭᠠᠢ ᠣᠶᠣᠬᠤ ᠵᠡᠷᠭᠡ ᠪᠡᠷ ᠡᠳᠦᠷ ᠳᠣᠳᠣᠮ ᠤ᠋ᠨ ᠠᠮᠢᠳᠤᠷᠠᠯ ᠤ᠋ᠨ ᠬᠡᠷᠡᠭᠯᠡᠬᠦᠨ ᠢ᠋ᠶ᠋ᠡᠨ ᠬᠢᠳᠡᠭ᠃ᠬᠤᠪᠢᠯᠠᠢ ᠬᠠᠭᠠᠨ ᠤ᠋ ᠴᠠᠪᠢ ᠬᠠᠲᠤᠨ᠂ᠬᠠᠭᠠᠨ ᠤ᠋ ᠮᠣᠷᠢ ᠤᠨᠤᠵᠤ ᠪᠠᠢᠯᠳᠤᠭᠠᠨ ᠬᠢᠬᠦ᠂ᠨᠤᠮᠤ ᠲᠡᠯᠡᠵᠦ ᠠᠩ ᠠᠩᠨᠠᠬᠤ ᠳ᠋ᠤ᠌ ᠳᠥᠭᠥᠮ ᠪᠥᠭᠡᠳ ᠳᠤᠯᠠᠭᠠᠬᠠᠨ ᠢ᠋ ᠪᠣᠳᠣᠵᠤ ᠨᠢᠭᠡᠨ ᠵᠠᠬ᠎ᠠ ᠬᠤᠪᠴᠠᠰᠤ ᠬᠢᠵᠦ ᠥᠭᠴᠦ ᠭᠡᠨ᠎ᠡ᠃ᠡᠨᠡ ᠬᠦ᠌ ᠳᠡᠪᠡᠯ ᠮᠠᠶᠢᠭ ᠤ᠋ᠨ ᠬᠤᠪᠴᠠᠰᠤ ᠨᠢ ᠬᠣᠷᠮᠣᠢ ᠲᠠᠢ ᠪᠣᠯᠪᠠᠴᠤ ᠡᠩᠭᠡᠷ ᠦᠭᠡᠢ᠂ᠠᠷᠤ ᠬᠣᠷᠮᠣᠢ ᠨᠢ ᠡᠮᠦᠨ᠎ᠡ ᠬᠣᠷᠮᠣᠢ ᠠ᠋ᠴᠠ ᠪᠠᠨ ᠳᠠᠬᠢᠨ ᠢᠯᠡᠭᠦᠦ ᠤᠷᠲᠤ᠂ᠬᠠᠨᠴᠤᠢ ᠵᠠᠭᠠᠮ᠎ᠠ ᠴᠤ᠌ ᠦᠭᠡᠢ᠂ᠳᠡᠭᠡᠷ᠎ᠡ ᠪᠡᠨ ᠬᠣᠶᠠᠷ ᠰᠢᠯᠪᠢ ᠲᠡᠢ᠂ᠮᠣᠷᠢ ᠤᠨᠤᠵᠤ ᠬᠠᠷᠪᠤᠵᠤ ᠨᠠᠮᠨᠠᠬᠤᠢ ᠳ᠋ᠤᠷ ᠶᠡᠬᠡᠯ᠎ᠡ ᠳᠥᠭᠥᠮ ᠬᠤᠪᠴᠠᠰᠤ ᠪᠠᠢᠵᠠᠢ᠃ᠨᠡᠷ᠎ᠡ ᠶ᠋ᠢ ᠨᠢ ᠪᠡᠵᠢᠶᠡ ᠭᠡᠨ᠎ᠡ᠃ᠪᠡᠵᠢᠶᠡ ᠨᠢ ᠣᠳᠣ ᠶ᠋ᠢᠨ ᠮᠣᠩᠭᠣᠯ ᠦᠨᠳᠦᠰᠦᠲᠡᠨ ᠦ᠌ ᠡᠮᠦᠰᠴᠦ ᠪᠠᠢᠭ᠎ᠠ ᠤᠤᠵᠢ ᠶᠤᠮ᠃ ᠶᠤᠸᠠᠨ ᠤ᠋ ᠦᠶ᠎ᠡ ᠳ᠋ᠦ᠍ ᠪᠡᠵᠢᠶᠡ ᠭᠡᠳᠡᠭ ᠠᠵᠢ᠃
ᠠᠷᠠᠯᠵᠢᠶ᠎ᠠ ᠬᠤᠳᠠᠯᠳᠤᠭ᠎ᠠ
ᠶᠤᠸᠠᠨ ᠤᠯᠤᠰ ᠤ᠋ᠨ ᠦᠶᠡᠰ ᠱᠠᠩᠳᠤ ᠬᠣᠲᠠ ᠨᠢ ᠶᠡᠬᠡ ᠭᠣᠪᠢ ᠪᠠ ᠳᠣᠲᠣᠷ ᠭᠠᠵᠠᠷ ᠤ᠋ᠨ ᠠᠭᠤᠯᠵᠠᠭᠤᠷ ᠪᠣᠭᠣᠮᠲᠠ ᠪᠣᠯᠤᠭᠰᠠᠨ ᠤᠴᠢᠷ ᠡᠮᠦᠨ᠎ᠡ ᠤᠮᠠᠷ᠎ᠠ ᠶ᠋ᠢᠨ ᠡᠳ᠋ ᠪᠣᠳᠠᠰ ᠤ᠋ᠨ ᠰᠣᠯᠢᠯᠴᠠᠭ᠎ᠠ᠂ᠠᠷᠠᠯᠵᠢᠶ᠎ᠠ ᠮᠠᠢᠮᠠᠢ ᠶ᠋ᠢᠨ ᠭᠣᠣᠯ ᠭᠠᠵᠠᠷ ᠤ᠋ᠨ ᠨᠢᠭᠡ ᠪᠣᠯᠵᠤ ᠪᠠᠢᠭᠰᠠᠨ ᠶᠤᠮ᠃ᠲᠤᠬᠠᠢ ᠶ᠋ᠢᠨ ᠦᠶ᠎ᠡ ᠳ᠋ᠦ᠍ ᠶᠤᠸᠠᠨ ᠤᠯᠤᠰ ᠤ᠋ᠨ ᠵᠠᠰᠠᠭ ᠤ᠋ᠨ ᠣᠷᠳᠣᠨ ᠨᠢ ᠳᠠᠪᠠᠭᠠᠨ ᠠᠷᠤ ᠪᠠ ᠭᠣᠪᠢ ᠶ᠋ᠢᠨ ᠡᠮᠦᠨ᠎ᠡ ᠣᠷᠣᠨ ᠳ᠋ᠤ᠌ ᠠᠷᠠᠯᠵᠢᠶ᠎ᠠ ᠮᠠᠢᠮᠠᠢ ᠬᠢᠬᠦ ᠪᠡᠷ ᠣᠴᠢᠭᠰᠠᠳ ᠢ᠋ ᠬᠠᠷᠠᠭᠠᠯᠵᠠᠬᠤ ᠲᠥᠷᠥ ᠶ᠋ᠢᠨ ᠪᠣᠳᠣᠯᠭ᠎ᠠ ᠠᠪᠴᠤ᠂ᠠᠷᠠᠯᠵᠢᠶ᠎ᠠ ᠬᠢᠬᠦ ᠠᠶᠠᠨ ᠤ᠋ ᠬᠥᠮᠦᠰ ᠢ᠋ ᠲᠣᠬᠢᠲᠠᠢ ᠰᠠᠢᠬᠠᠨ ᠲᠥᠪᠬᠢᠨᠡᠭᠦᠯᠦᠨ ᠭᠠᠢᠯᠢ ᠭᠤᠪᠴᠢᠭᠤᠷ ᠠ᠋ᠴᠠ ᠬᠡᠯᠲᠦᠷᠢᠭᠦᠯᠵᠦ ᠵᠣᠷᠢᠭᠵᠢᠭᠤᠯᠤᠭᠰᠠᠨ ᠢ᠋ᠶ᠋ᠠᠷ ᠢᠷᠡᠵᠦ ᠣᠴᠢᠬᠤ ᠬᠤᠳᠠᠯᠳᠤᠭᠠᠴᠢᠨ ᠤᠯᠠᠮ ᠣᠯᠠᠰᠢᠷᠠᠭᠰᠠᠨ ᠪᠠᠢᠯ᠎ᠠ᠃ᠮᠠᠯ ᠪᠠ ᠮᠠᠯ ᠤ᠋ᠨ ᠠᠰᠢᠭ ᠰᠢᠮ᠎ᠡ ᠶ᠋ᠢ ᠪᠣᠷᠣᠯᠠᠭᠤᠯᠬᠤ ᠨᠢ ᠠᠷᠠᠯᠵᠢᠶ᠎ᠠ ᠬᠤᠳᠠᠯᠳᠤᠭᠠᠨ ᠤ᠋ ᠭᠣᠣᠯ ᠴᠣᠭᠴᠠ ᠪᠣᠯᠵᠤ ᠪᠠᠢᠪᠠ᠃ᠱᠠᠩᠳᠤ ᠬᠣᠲᠠ ᠶ᠋ᠢᠨ ᠪᠠᠷᠠᠭᠤᠨ ᠵᠡᠭᠡᠯᠢ ᠳ᠋ᠦ᠍ ᠲᠤᠰᠬᠠᠢᠯᠠᠨ ᠠᠳᠤᠭᠤ᠂ᠦᠬᠡᠷ᠂ᠬᠣᠨᠢ᠂ᠢᠮᠠᠭᠠᠨ ᠤ᠋ ᠵᠠᠬ᠎ᠠ ᠳᠡᠯᠭᠡᠭᠦᠷ ᠭᠠᠷᠭᠠᠭᠰᠠᠨ ᠢ᠋ᠶ᠋ᠠᠷ ᠬᠤᠳᠠᠯᠳᠤᠭᠴᠢ ᠪᠠ ᠠᠪᠤᠭᠴᠢᠳ ᠳᠥᠷᠪᠡᠨ ᠵᠦᠭ ᠨᠠᠢ᠍ᠮᠠᠨ ᠵᠣᠪᠬᠢᠰ ᠠ᠋ᠴᠠ ᠬᠤᠷᠠᠨ ᠴᠤᠭᠯᠠᠷᠠᠵᠤ ᠲᠡᠷᠭᠡᠨ ᠵᠢᠩ᠂ᠲᠡᠮᠡᠭᠡᠨ ᠠᠴᠢᠶ᠎ᠠ ᠵᠠᠮ ᠪᠠᠭᠲᠠᠬᠤ ᠦᠭᠡᠢ ᠦᠷᠭᠦᠯᠵᠢᠯᠡᠭᠡᠳ ᠭᠣᠣᠯ ᠤ᠋ᠨ ᠬᠣᠶᠠᠷ ᠬᠥᠪᠡᠭᠡ ᠪᠡᠷ ᠪᠠᠭᠤᠭᠰᠠᠨ ᠠᠴᠢᠶᠠᠨ ᠤ᠋ ᠭᠡᠷ ᠮᠠᠢᠬᠠᠨ ᠵᠠᠯᠭᠠᠯᠳᠤᠵᠤ ᠲᠦᠳᠡᠭ ᠦ᠋ᠨ ᠭᠠᠯ ᠲᠩᠷᠢ ᠶ᠋ᠢᠨ ᠣᠳᠣᠳ ᠰᠢᠭ᠋ ᠭᠢᠯᠠᠯᠵᠠᠳᠠᠭ ᠠᠵᠢ᠃ ᠬᠡᠷᠡᠮ ᠦ᠋ᠨ ᠳᠣᠲᠣᠷ᠎ᠠ ᠠᠭᠲᠠ ᠮᠣᠷᠢ᠂ᠬᠥᠯᠪᠦᠷᠢ ᠶ᠋ᠢᠨ ᠦᠬᠡᠷ ᠢ᠋ ᠶᠡᠬᠡ ᠬᠡᠮᠵᠢᠶ᠎ᠡ ᠪᠡᠷ ᠬᠤᠳᠠᠯᠳᠤᠨ ᠦᠭᠭᠦᠭᠰᠡᠨ ᠢ᠋ᠶ᠋ᠡᠷ ᠲᠠᠷᠢᠶᠠᠯᠠᠩ ᠤ᠋ᠨ ᠦᠢᠯᠡᠰ ᠬᠥᠭᠵᠢᠬᠦ ᠳ᠋ᠦ᠍ ᠲᠦᠯᠬᠢᠴᠡ ᠦᠢᠯᠡᠳᠦᠯ ᠭᠠᠷᠭᠠᠵᠤ᠂ᠮᠣᠩᠭᠣᠯ ᠬᠢᠲᠠᠳ ᠦᠨᠳᠦᠰᠦᠲᠡᠨ ᠦ᠌ ᠡᠳ᠋ ᠪᠣᠳᠠᠰ ᠰᠣᠶᠣᠯ ᠤ᠋ᠨ ᠰᠣᠯᠢᠯᠴᠠᠭ᠎ᠠ ᠶ᠋ᠢ ᠴᠦ᠍ ᠠᠬᠢᠭᠤᠯᠤᠭᠰᠠᠨ ᠪᠢᠯᠡ᠃ᠭᠣᠪᠢ ᠶ᠋ᠢᠨ ᠥᠪᠥᠷ ᠲᠡᠬᠢ ᠵᠠᠯᠢ ᠬᠠᠷᠠᠨᠠᠪᠤ ᠬᠡᠮᠡᠬᠦ ᠭᠠᠵᠠᠷ ᠲᠤ᠌ ᠣᠯᠠᠨ ᠠᠢᠮᠠᠭ ᠤ᠋ᠨ300ᠢᠯᠡᠭᠦᠦ ᠡᠷᠦᠬᠡ ᠠᠢᠯ ᠬᠠᠶᠠᠭ᠎ᠠ ᠬᠠᠶᠠᠭ᠎ᠠ ᠪᠠᠨ ᠳᠡᠷᠡᠯᠡᠨ ᠬᠢᠲᠠᠳ ᠯᠤᠭ᠎ᠠ ᠬᠣᠯᠢᠯᠳᠤᠨ ᠰᠠᠭᠤᠭᠰᠠᠨ ᠠᠨᠤ ᠬᠣᠲᠠ ᠵᠡᠭᠡᠯᠢ ᠮᠡᠲᠦ᠂ᠠᠷᠠᠯᠵᠢᠶ᠎ᠠ ᠮᠠᠢᠮᠠᠢ ᠬᠢᠭᠡᠳ ᠪᠠᠶᠠᠵᠢᠭᠰᠠᠨ ᠬᠥᠮᠦᠨ ᠣᠯᠠᠨ ᠪᠠᠢᠪᠠ ᠃ᠲᠤᠬᠠᠢ ᠶ᠋ᠢᠨ ᠦᠶᠡᠰ 《ᠱᠠᠩᠳᠤ ᠶ᠋ᠢᠨ ᠮᠠᠯ ᠰᠦᠷᠦᠭ ᠢ᠋ ᠵᠥᠭᠡᠭᠡᠨ ᠳᠠᠮᠵᠢᠭᠤᠯᠬᠤ ᠲᠦᠰᠢᠮᠡᠯ ᠦ᠋ᠨ ᠨᠡᠢᠭᠡᠮᠯᠡᠨ ᠵᠠᠬᠢᠷᠬᠤ ᠬᠡᠯᠲᠡᠰ》᠂《ᠱᠠᠩᠳᠤ ᠶ᠋ᠢᠨ ᠲᠦᠭᠦᠬᠡᠢ ᠡᠳ᠋ ᠦ᠋ᠨ ᠰᠠᠩ》᠂《ᠱᠠᠩᠳᠤ ᠶ᠋ᠢᠨ ᠭᠡᠷ ᠦ᠋ᠨ ᠬᠦᠦ ᠶ᠋ᠢᠨ ᠨᠣᠣᠰᠣ ᠨᠣᠣᠯᠣᠭᠤᠷ ᠢ᠋ ᠬᠠᠮᠢᠶᠠᠷᠬᠤ ᠲᠣᠪᠴᠢᠶ᠎ᠠ》 ᠵᠡᠷᠭᠡ ᠠᠯᠪᠠᠨ ᠶᠠᠮᠤᠨ ᠨᠢ ᠮᠠᠯ ᠪᠠ ᠮᠠᠯ ᠤ᠋ᠨ ᠠᠰᠢᠭ ᠰᠢᠮ᠎ᠡ ᠶ᠋ᠢᠨ ᠪᠣᠷᠣᠯᠠᠭᠤᠯᠤᠯᠲᠠ ᠶ᠋ᠢ ᠲᠤᠰᠬᠠᠢᠯᠠᠨ ᠬᠠᠮᠢᠶᠠᠷᠴᠤ ᠬᠤᠳᠠᠯᠳᠤᠭᠠᠨ ᠤ᠋ ᠭᠡᠷᠡᠴᠢ ᠫᠠᠢᠰᠠ ᠣᠯᠭᠣᠵᠤ ᠪᠠᠢᠭᠰᠠᠨ ᠶᠤᠮ᠃ ᠴᠣᠬᠣᠮ ᠬᠦ᠌ ᠠᠯᠲᠠᠨ ᠫᠠᠢᠰᠠ ᠮᠤᠬᠤᠯᠠᠭ ᠤ᠋ᠨ ᠡᠭᠦᠳᠡᠨ᠎ᠡ ᠭᠢᠯᠠᠰᠴᠤ᠂ᠠᠷᠠᠯᠵᠢᠶ᠎ᠠ ᠮᠠᠢᠮᠠᠢᠴᠢᠳ ᠱᠠᠩᠳᠤ ᠬᠣᠲᠠᠨ᠎ᠠ ᠬᠤᠷᠠᠯᠴᠠᠨᠠᠮ᠃ᠠᠳᠤᠭᠤ ᠦᠬᠡᠷ ᠵᠠᠬ᠎ᠠ ᠵᠡᠭᠡᠯᠢ ᠳ᠋ᠦ᠍ᠷ ᠪᠢᠯᠬᠠᠵᠤ ᠡᠳᠦᠷ ᠪᠦᠷᠢ ᠮᠢᠩᠭ᠎ᠠ ᠵᠠᠭᠤ ᠪᠠᠷ ᠥᠩᠭᠡᠷᠡᠨᠡᠮ ᠪᠤᠶᠤ᠃ᠱᠠᠩᠳᠤ ᠬᠣᠲᠠ ᠨᠢ ᠳᠣᠲᠣᠷ᠎ᠠ ᠭᠠᠵᠠᠷ ᠤ᠋ᠨ ᠠᠮᠤ ᠪᠤᠳᠠᠭ᠎ᠠ᠂ᠪᠠᠷᠠᠭ᠎ᠠ ᠲᠠᠸᠠᠷ ᠢ᠋ ᠬᠡᠷᠡᠮ ᠦ᠋ᠨ ᠭᠠᠳᠠᠨ᠎ᠠ ᠬᠣᠷᠢᠶᠠᠨ ᠲᠠᠷᠬᠠᠭᠠᠬᠤ ᠬᠦᠢᠰᠦ ᠭᠠᠵᠠᠷ ᠪᠣᠯᠵᠤ ᠪᠠᠢᠵᠠᠢ᠃ᠵᠥᠪᠬᠡᠨ《ᠲᠡᠭᠦᠰ ᠳᠦᠭᠦᠷᠡᠩ》᠂《ᠶᠡᠬᠡᠳᠡ ᠴᠣᠭᠴᠠᠯᠠᠭᠴᠢ》ᠬᠣᠶᠠᠷ ᠲᠣᠮᠣ ᠰᠠᠩ ᠬᠥᠮᠥᠷᠭᠡ ᠨᠢ ᠳᠣᠲᠣᠷ᠎ᠠ ᠣᠷᠣᠨ ᠠ᠋ᠴᠠ ᠵᠥᠭᠡᠭᠡᠨ ᠠᠪᠴᠢᠷᠠᠵᠤ ᠬᠠᠳᠠᠭᠠᠯᠠᠭᠰᠠᠨ ᠠᠮᠤ ᠪᠤᠳᠠᠭᠠᠨ ᠠ᠋ᠴᠠ ᠪᠠᠨ 40 ᠢᠯᠡᠭᠦᠦ ᠳ᠋ᠠᠨ ᠢ᠋ ᠬᠠᠷᠠᠬᠣᠷᠣᠮ ᠳ᠋ᠤ᠌ ᠳᠠᠮᠵᠢᠭᠤᠯᠤᠨ ᠬᠤᠳᠠᠯᠳᠤᠳᠠᠭ ᠶᠤᠮ᠃ᠱᠠᠩᠳᠤ ᠠ᠋ᠴᠠ ᠭᠠᠷᠤᠭᠰᠠᠨ ᠠᠶᠠᠨ ᠵᠥᠭᠡᠭᠡᠪᠦᠷᠢ ᠶ᠋ᠢᠨ ᠲᠡᠷᠭᠡᠨ ᠵᠠᠮ ᠨᠢ ᠬᠣᠩᠭᠢᠷᠠᠳ ᠠᠢᠮᠠᠭ ᠤ᠋ᠨ ᠸᠠᠩ ᠤ᠋ᠨ ᠣᠷᠳᠣᠨ ᠠᠷᠠᠯᠵᠢᠶ᠎ᠠ ᠬᠤᠳᠠᠯᠳᠤᠭᠠᠨ ᠤ᠋ ᠲᠥᠪ ᠢᠩ ᠴᠠᠩ ᠹᠦ ᠬᠣᠲᠠ ᠶ᠋ᠢ ᠳᠠᠭᠠᠷᠢᠨ᠂ᠪᠠᠷᠠᠭᠤᠨ ᠬᠣᠢᠰᠢ ᠮᠤᠷᠤᠢᠨ ᠬᠡᠷᠦᠯᠦᠨ ᠭᠣᠣᠯ ᠤ᠋ᠨ ᠳᠡᠭᠡᠳᠦ ᠤᠷᠤᠰᠬᠠᠯ ᠢ᠋ᠶ᠋ᠠᠷ ᠥᠩᠭᠡᠷᠡᠵᠦ ᠪᠠᠷᠠᠭᠤᠨᠰᠢ ᠡᠷᠭᠢᠨ ᠬᠠᠷᠠᠬᠣᠷᠣᠮ ᠳ᠋ᠤ᠌ ᠬᠦᠷᠳᠡᠭ᠃ᠱᠠᠩᠳᠤ ᠠ᠋ᠴᠠ ᠢᠩ ᠴᠠᠩ ᠹᠦ ᠬᠣᠲᠠ ᠬᠦᠷᠬᠦ ᠲᠡᠷᠭᠡᠨ ᠵᠠᠮ ᠳᠡᠭᠡᠷ᠎ᠡ ᠪᠠᠵᠢᠯᠠ᠂ᠬᠠᠨᠳᠠᠭᠠᠢ ᠬᠡᠮᠡᠬᠦ ᠬᠣᠶᠠᠷ ᠶᠡᠬᠡ ᠥᠷᠲᠡᠭᠡ ᠪᠠᠢᠭᠰᠠᠨ ᠢ᠋ ᠲᠡᠦᠬᠡ ᠰᠤᠳᠤᠷ ᠲᠤ᠌ ᠲᠡᠮᠳᠡᠭᠯᠡᠭᠰᠡᠨ ᠪᠢᠯᠡ᠃ᠰᠢᠯᠤᠭᠤᠨ ᠬᠥᠬᠡ ᠬᠤᠰᠢᠭᠤᠨ ᠤ᠋ ᠬᠡᠷᠡᠰᠣᠳᠠᠢ ᠰᠤᠮᠤᠨ ᠤ᠋ ᠬᠣᠰᠣᠨᠪᠤᠯᠠᠭ ᠣᠷᠴᠢᠮ ᠤ᠋ᠨ ᠬᠠᠭᠤᠴᠢ ᠪᠠᠭᠤᠷᠢ᠂ᠰᠠᠢᠨᠬᠤᠳᠳᠣᠭ ᠰᠤᠮᠤᠨ ᠤ᠋ ᠨᠠᠷᠠᠰᠤᠲᠤ ᠬᠠᠪᠢ ᠶ᠋ᠢᠨ ᠬᠠᠭᠤᠴᠢ ᠪᠠᠭᠤᠷᠢ ᠪᠣᠯ ᠲᠡᠷᠡ ᠦᠶ᠎ᠡ ᠶ᠋ᠢᠨ ᠲᠡᠷᠭᠡᠨ ᠵᠠᠮ ᠤ᠋ᠨ ᠶᠡᠬᠡ ᠥᠷᠲᠡᠭᠡᠨ ᠦ᠌ ᠬᠣᠶᠠᠷ ᠪᠣᠯᠤᠯᠲᠠᠢ ᠶᠤᠮ᠃ᠪᠣᠭᠣᠮᠲᠠ ᠶ᠋ᠢᠨ ᠭᠠᠳᠠᠨᠠᠬᠢ ᠡᠯ᠎ᠡ ᠬᠣᠲᠠ ᠪᠠᠯᠭᠠᠰᠤ ᠶ᠋ᠢᠨ ᠠᠷᠠᠳ ᠢᠷᠭᠡᠳ᠂ᠬᠤᠶᠠᠭ ᠴᠡᠷᠢᠭ ᠦ᠋ᠨ ᠬᠡᠷᠡᠭᠯᠡᠬᠦ ᠶᠡᠬᠡ ᠬᠡᠮᠵᠢᠶᠡᠨ ᠦ᠌ ᠠᠮᠤ ᠪᠤᠳᠠᠭ᠎ᠠ ᠶ᠋ᠢ ᠵᠥᠭᠡᠭᠡᠪᠦᠷᠢᠯᠡᠨ ᠬᠠᠩᠭᠠᠬᠤ ᠦᠯᠡᠮᠵᠢ ᠠᠵᠢᠯ ᠢ᠋ 《ᠱᠠᠩᠳᠤ ᠶ᠋ᠢᠨ ᠵᠥᠭᠡᠭᠡᠨ ᠳᠠᠮᠵᠢᠭᠤᠯᠬᠤ ᠬᠡᠯᠲᠡᠰ》᠂《ᠲᠡᠭᠡᠭᠡᠪᠦᠷᠢ ᠲᠣᠬᠢᠷᠠᠭᠤᠯᠬᠤ ᠭᠠᠵᠠᠷ》᠂《ᠲᠠᠷᠢᠶᠠᠯᠠᠩ ᠢ᠋ ᠬᠠᠮᠢᠶᠠᠷᠬᠤ ᠬᠡᠯᠲᠡᠰ ᠦ᠋ᠨ ᠱᠠᠩᠳᠤ ᠳ᠋ᠠᠬᠢ ᠢᠦᠢ ᠵᠧᠦ ᠶ᠋ᠢᠨ ᠭᠤᠯᠢᠷᠴᠢᠨ ᠤ᠋ ᠡᠷᠦᠬᠡ ᠶ᠋ᠢ ᠬᠠᠮᠢᠶᠠᠷᠬᠤ ᠭᠠᠵᠠᠷ》ᠬᠠᠷᠢᠭᠤᠴᠠᠨ ᠭᠦᠢᠴᠡᠳᠬᠡᠳᠡᠭ ᠪᠠᠢᠪᠠ᠃ᠱᠠᠩᠳᠤ ᠬᠣᠲᠠ ᠨᠢ ᠵᠢᠯ ᠪᠦᠷᠢ ᠦᠯᠡᠮᠵᠢ ᠲᠣᠭᠠᠨ ᠤ᠋ ᠠᠮᠤ ᠪᠤᠳᠠᠭ᠎ᠠ᠂ᠳᠠᠪᠤᠰᠤᠨ ᠭᠡᠷᠡᠴᠢ ᠶ᠋ᠢ ᠳᠠᠮᠵᠢᠭᠤᠯᠤᠨ ᠬᠤᠳᠠᠯᠳᠤᠭᠠᠳ ᠪᠡᠯᠡ ᠮᠥᠩᠭᠥ ᠶ᠋ᠢ ᠲᠦᠮᠡ ᠲᠦᠮᠡᠨ ᠯᠠᠩ ᠢ᠋ᠶ᠋ᠠᠷ ᠬᠤᠷᠠᠮᠳᠤᠭᠤᠯᠳᠠᠭ ᠠᠵᠢ᠃
ᠮᠠᠯ ᠠᠵᠤ ᠠᠬᠤᠢ᠂ᠲᠠᠷᠢᠶᠠᠯᠠᠩ᠂ᠭᠠᠷ ᠦᠢᠯᠡᠳᠪᠦᠷᠢ᠂ᠵᠠᠮ ᠨᠡᠪᠲᠡᠷᠡᠯᠭᠡ ᠶ᠋ᠢᠨ ᠦᠢᠯᠡᠰ ᠢ᠋ ᠵᠡᠷᠭᠡ ᠪᠡᠷ ᠬᠥᠭᠵᠢᠭᠦᠯᠵᠦ ᠤᠯᠤᠰ ᠳᠠᠶᠠᠭᠠᠷ ᠨᠢᠭᠡᠳᠦᠯᠲᠡᠢ ᠵᠣᠭᠣᠰ ᠬᠡᠷᠡᠭᠯᠡᠭᠰᠡᠨ ᠢ᠋ᠶ᠋ᠡᠷ ᠶᠤᠸᠠᠨ ᠤᠯᠤᠰ ᠤ᠋ᠨ ᠠᠷᠠᠯᠵᠢᠶ᠎ᠠ ᠬᠤᠳᠠᠯᠳᠤᠭ᠎ᠠ ᠨᠢ ᠡᠳᠦᠷ ᠢᠷᠡᠬᠦᠶ᠎ᠡ ᠥᠷᠨᠢᠨ ᠬᠥᠭᠵᠢᠪᠡ᠃ᠵᠠᠰᠠᠭ ᠤ᠋ᠨ ᠣᠷᠳᠣᠨ ᠨᠢ ᠠᠯᠲᠠ ᠂ᠮᠥᠩᠭᠥ ᠂ ᠵᠡᠰ ᠂ ᠲᠡᠮᠦᠷ᠂ᠳᠠᠪᠤᠰᠤ᠂ᠲᠡᠮᠦᠷᠯᠢᠭ ᠪᠠᠭᠠᠵᠢ ᠮᠡᠲᠦ ᠶ᠋ᠢᠨ ᠠᠯᠢ ᠣᠯᠠᠨ ᠦᠢᠯᠡᠳᠬᠦᠨ ᠦ᠌ ᠲᠤᠰᠬᠠᠢ ᠠᠰᠢᠭ ᠢ᠋ ᠭᠠᠭᠴᠠᠭᠠᠷ ᠡᠵᠡᠮᠰᠢᠬᠦ ᠲᠥᠷᠥ ᠶ᠋ᠢᠨ ᠪᠣᠳᠣᠯᠭ᠎ᠠ ᠶ᠋ᠢ ᠠᠪᠴᠤ ᠠᠳᠠᠯᠢ ᠪᠤᠰᠤ ᠶᠠᠩᠵᠤ ᠪᠣᠯᠭᠠᠨ ᠤ᠋ ᠡᠵᠡᠩᠨᠡᠯᠲᠡ ᠶ᠋ᠢᠨ ᠠᠷᠭ᠎ᠠ ᠶ᠋ᠢ ᠬᠡᠷᠡᠭᠵᠢᠭᠦᠯᠦᠭᠰᠡᠨ ᠶᠦ᠍ᠮ᠃ᠵᠠᠷᠢᠮ ᠵᠦᠢᠯ ᠢ᠋ ᠨᠢ ᠵᠠᠰᠠᠭ ᠤ᠋ᠨ ᠣᠷᠳᠣᠨ ᠠ᠋ᠴᠠ ᠰᠢᠭᠤᠳ ᠡᠵᠡᠩᠨᠡᠵᠡᠢ᠃ᠵᠠᠷᠢᠮ ᠨᠢᠭᠡ ᠵᠦᠢᠯ ᠢ᠋ ᠨᠢ ᠵᠠᠰᠠᠭ ᠤ᠋ᠨ ᠣᠷᠳᠣᠨ ᠠ᠋ᠴᠠ ᠬᠤᠳᠠᠯᠳᠤᠭᠠᠴᠢᠳ ᠲᠤ᠌ ᠬᠤᠳᠠᠯᠳᠤᠨ ᠥᠭᠴᠦ ᠡᠵᠡᠩᠨᠡᠭᠦᠯᠦᠭᠰᠡᠨ ᠪᠠᠢᠪᠠ᠃ᠵᠢᠱ᠌ᠢᠶᠡᠯᠡᠪᠡᠯ ᠬᠡᠪ ᠦ᠋ᠨ ᠴᠠᠢ᠂ᠬᠥᠩᠭᠡᠨ ᠴᠠᠭᠠᠨ᠂ᠴᠠᠭᠠᠨ ᠲᠤᠭᠤᠯᠭ᠎ᠠ᠂ᠳᠠᠪᠤᠰᠤ ᠶ᠋ᠢ ᠬᠤᠳᠠᠯᠳᠤᠨ ᠥᠭᠴᠦ ᠡᠵᠡᠩᠨᠡᠭᠦᠯᠵᠡᠢ᠃ᠵᠠᠷᠢᠮ ᠨᠢᠭᠡ ᠵᠦᠢᠯ ᠢ᠋ ᠨᠢ ᠵᠠᠰᠠᠭ ᠤ᠋ᠨ ᠣᠷᠳᠣᠨ ᠠ᠋ᠴᠠ ᠬᠤᠪᠢ ᠠᠪᠤᠭᠠᠳ ᠬᠤᠳᠠᠯᠳᠤᠭᠠᠴᠢᠳ ᠪᠠ ᠭᠠᠷ ᠦᠢᠯᠡᠳᠪᠦᠷᠢ ᠶ᠋ᠢᠨ ᠡᠵᠡᠳ ᠲᠦ᠍ ᠥᠭᠴᠦ ᠡᠵᠡᠩᠨᠡᠭᠦᠯᠦᠭᠰᠡᠨ ᠶᠦ᠍ᠮ᠃ ᠵᠢᠱ᠌ᠢᠶᠡᠯᠡᠪᠡᠯ ᠠᠷᠢᠬᠢ ᠂ᠽᠣᠤ᠂ᠲᠠᠷᠢᠶᠠᠯᠠᠩ ᠤ᠋ᠨ ᠪᠠᠭᠠᠵᠢ᠂ᠬᠤᠯᠤᠰᠤ ᠮᠣᠳᠣ᠂ᠠᠯᠲᠠ᠂ᠮᠥᠩᠭᠥ᠂ᠲᠡᠮᠦᠷ ᠦ᠋ᠨ ᠠᠭᠤᠷᠬᠠᠢ ᠶ᠋ᠢ ᠬᠤᠪᠢ ᠠᠪᠴᠤ ᠡᠵᠡᠩᠨᠡᠭᠦᠯᠪᠡ᠃
ᠮᠥᠩᠭᠥᠨ ᠭᠦᠢᠯᠭᠡᠭᠡ
1253ᠣᠨ ᠳ᠋ᠤ᠌ ᠬᠤᠪᠢᠯᠠᠢ ᠹᠧᠩ ᠰᠢᠶᠠᠩ ᠳ᠋ᠤ᠌ ᠴᠡᠷᠢᠭ ᠰᠠᠭᠤᠯᠭᠠᠨ ᠲᠠᠷᠢᠶ᠎ᠠ ᠲᠠᠷᠢᠭᠤᠯᠵᠤ ᠳᠠᠪᠤᠰᠤ ᠪᠠᠷ ᠠᠮᠤ ᠬᠦᠨᠡᠰᠦ ᠰᠣᠯᠢᠨ ᠠᠪᠤᠭᠠᠳ ᠴᠡᠷᠢᠭ ᠦ᠋ᠨ ᠬᠣᠭᠣᠯᠠ ᠬᠦᠨᠡᠰᠦ ᠶ᠋ᠢ ᠬᠠᠩᠭᠠᠵᠤ᠂ᠪᠠᠰᠠ ᠴᠠᠭᠠᠰᠤᠨ ᠵᠣᠭᠣᠰ ᠳᠠᠷᠤᠮᠠᠯᠯᠠᠬᠤ ᠶᠠᠮᠤᠨ ᠢ᠋ ᠪᠠᠢᠭᠤᠯᠵᠤ ᠴᠠᠭᠠᠰᠤᠨ ᠵᠣᠭᠣᠰ ᠢ᠋ ᠬᠡᠪᠯᠡᠨ ᠲᠠᠷᠬᠠᠭᠠᠭᠠᠳ ᠡᠳ᠋ ᠪᠣᠳᠠᠰ ᠤ᠋ᠨ ᠰᠣᠯᠢᠯᠴᠠᠭᠠᠨ ᠳ᠋ᠤ᠌ ᠣᠷᠣᠭᠤᠯᠪᠠ᠃ᠡᠨᠡ ᠪᠣᠯ ᠬᠤᠪᠢᠯᠠᠢ ᠭᠣᠪᠢ ᠶ᠋ᠢᠨ ᠡᠮᠦᠨᠡᠬᠢ ᠨᠣᠶᠠᠷᠬᠠᠯ ᠤ᠋ᠨ ᠣᠷᠣᠨ ᠳ᠋ᠠᠭᠠᠨ ᠴᠠᠭᠠᠰᠤᠨ ᠵᠣᠭᠣᠰ ᠢ᠋ ᠠᠷᠠᠯᠵᠢᠶ᠎ᠠ ᠬᠤᠳᠠᠯᠳᠤᠭᠠᠨ ᠳ᠋ᠤ᠌ ᠬᠡᠷᠡᠭᠯᠡᠭᠰᠡᠨ ᠲᠡᠮᠳᠡᠭᠯᠡᠯ ᠶᠦ᠍ᠮ᠃
ᠬᠤᠪᠢᠯᠠᠢ ᠬᠠᠭᠠᠨ ᠣᠷᠣ ᠰᠠᠭᠤᠭᠰᠠᠨ ᠵᠦᠩ ᠲᠦᠩ ᠦ᠋ᠨ ᠲᠡᠷᠢᠭᠦᠨ ᠣᠨ(1260ᠣᠨ) ᠤ᠋ ᠠᠷᠪᠠᠳᠤᠭᠠᠷ ᠰᠠᠷ᠎ᠠ ᠳ᠋ᠤ᠌ ᠬᠡᠢᠪᠦᠩ ᠪᠠᠯᠭᠠᠳ ᠲᠤ᠌ ᠠᠩᠬ᠎ᠠ ᠤᠳᠠᠭ᠎ᠠ《ᠵᠦᠩ ᠲᠦᠩ ᠶᠤᠸᠠᠨ ᠪᠤᠤ ᠵᠢᠶᠣᠤ ᠴᠤᠤ》 ᠬᠡᠮᠡᠬᠦ ᠴᠠᠭᠠᠰᠤᠨ ᠵᠣᠭᠣᠰ ᠢ᠋ ᠬᠡᠪᠯᠡᠨ ᠲᠠᠷᠬᠠᠭᠠᠪᠠ᠃ᠵᠦᠩ ᠲᠦᠩ ᠶᠤᠸᠠᠨ ᠪᠤᠤ( ᠪᠠᠰᠠ ᠵᠦᠩ ᠲᠦᠩ ᠪᠤᠤ ᠴᠤᠤ ᠪᠤᠶᠤ ᠵᠦᠩ ᠲᠦᠩ ᠴᠤᠤ ᠭᠡᠵᠦ ᠳᠠᠭᠤᠳᠠᠳᠠᠭ)ᠴᠠᠭᠠᠰᠤᠨ ᠵᠣᠭᠣᠰ ᠨᠢ ᠵᠠᠬ᠎ᠠ ᠳᠡᠯᠭᠡᠭᠦᠷ ᠳᠡᠭᠡᠷ᠎ᠡ ᠮᠥᠩᠭᠥᠨ ᠵᠣᠭᠣᠰ ᠲᠠᠢ ᠠᠳᠠᠯᠢ ᠪᠠᠷ ᠭᠦᠢᠯᠭᠡᠭᠡᠨ ᠳ᠋ᠦ᠍ ᠣᠷᠣᠨ ᠬᠡᠷᠡᠭᠯᠡᠭᠳᠡᠪᠡ᠃ᠮᠥᠨ ᠣᠨ ᠳ᠋ᠤ᠌ ᠣᠯᠠᠨ ᠴᠥᠯᠭᠡ ᠶ᠋ᠢᠨ ᠴᠠᠭᠠᠰᠤᠨ ᠵᠣᠭᠣᠰᠤᠨ ᠤ᠋ ᠬᠥᠮᠥᠷᠭᠡ ᠶ᠋ᠢ ᠪᠠᠢᠭᠤᠯᠤᠨ ᠴᠠᠭᠠᠰᠤ ᠪᠠ ᠮᠥᠩᠭᠥ᠂ᠰᠢᠨ᠎ᠡ ᠪᠠ ᠬᠠᠭᠤᠴᠢᠨ ᠵᠣᠭᠣᠰᠤᠨ ᠤ᠋ ᠰᠣᠯᠢᠭ᠎ᠠ ᠶ᠋ᠢ ᠡᠷᠬᠢᠯᠡᠨ ᠬᠢᠵᠡᠢ᠃ᠪᠠᠰᠠ ᠡᠯ᠎ᠡ ᠴᠥᠯᠭᠡ ᠶ᠋ᠢᠨ ᠴᠠᠭᠠᠰᠤᠨ ᠵᠣᠭᠣᠰ ᠢ᠋ ᠬᠠᠮᠢᠶᠠᠷᠬᠤ ᠬᠡᠯᠲᠡᠰ ᠢ᠋ ᠪᠠᠢᠭᠤᠯᠤᠨ᠂ᠰᠠᠩ ᠤ᠋ᠨ ᠶᠠᠪᠤᠳᠠᠯ ᠤ᠋ᠨ ᠶᠠᠮᠤᠨ ᠤ᠋ ᠨᠣᠶᠠᠳ ᠂ᠬᠡᠯᠲᠡᠰ ᠦ᠋ᠨ ᠲᠤᠰᠢᠶᠠᠯ ᠢ᠋ ᠬᠠᠪᠰᠤᠷᠭᠠᠨ ᠬᠠᠷᠢᠭᠤᠴᠠᠵᠠᠢ᠃ ᡁᠢ ᠶᠤᠸᠠᠨ ᠤ᠋ ᠭᠤᠷᠪᠠᠳᠤᠭᠠᠷ ᠣᠨ(1266 ᠣᠨ) ᠳ᠋ᠤ᠌ ᠤᠯᠤᠰ ᠤ᠋ᠨ ᠬᠡᠷᠡᠭᠰᠡᠯ ᠦ᠋ᠨ ᠶᠠᠮᠤᠨ ᠢ᠋ ᠪᠠᠢᠭᠤᠯᠵᠤ ᠪᠦᠬᠦ ᠤᠯᠤᠰ ᠤ᠋ᠨ ᠠᠮᠤ ᠪᠤᠳᠠᠭ᠎ᠠ ᠵᠣᠭᠣᠰ ᠮᠥᠩᠭᠥ ᠶ᠋ᠢ ᠨᠢᠭᠡᠳᠦᠯᠲᠡᠢ ᠬᠠᠮᠢᠶᠠᠷᠪᠠ᠃ᠲᠤᠬᠠᠢ ᠶ᠋ᠢᠨ ᠦᠶ᠎ᠡ ᠳ᠋ᠦ᠍ ᠨᠢᠭᠡ ᠬᠡᠯᠬᠢᠶ᠎ᠡ ᠵᠣᠭᠣᠰ ᠢ᠋ ᠨᠢᠭᠡ ᠯᠠᠩ ᠮᠥᠩᠭᠥ᠂ᠲᠠᠪᠢᠨ ᠬᠡᠯᠬᠢᠶ᠎ᠡ ᠵᠣᠭᠣᠰ ᠢ᠋ ᠨᠢᠭᠡ ᠬᠡᠰᠡᠭ ᠮᠥᠩᠭᠥ᠂ᠵᠠᠭᠤᠨ ᠸᠧᠨ ᠵᠣᠭᠣᠰ ᠢ᠋ ᠨᠢᠭᠡ ᠴᠢᠶᠠᠨ᠂ᠠᠷᠪᠠᠨ ᠸᠧᠨ ᠵᠣᠭᠣᠰ ᠢ᠋ ᠨᠢᠭᠡᠨ ᠹᠸᠨ ᠭᠡᠵᠦ ᠬᠡᠯᠡᠳᠡᠭ ᠪᠠᠢᠪᠠ᠃ᠲᠡᠭᠡᠬᠦ ᠳ᠋ᠡᠭᠡᠨ ᠮᠥᠩᠭᠥ ᠪᠡᠷ ᠰᠠᠭᠤᠷᠢ ᠪᠣᠯᠭᠠᠵᠤ ᠵᠦᠩ ᠲᠦᠩ ᠦ᠋ᠨ ᠣᠨ ᠤ᠋ ᠬᠣᠶᠠᠷ ᠬᠡᠯᠬᠢᠶ᠎ᠡ ᠵᠣᠭᠣᠰ ᠨᠢ ᠨᠢᠭᠡ ᠯᠠᠩ ᠮᠥᠩᠭᠥ ᠲᠡᠢ ᠲᠡᠩᠴᠡᠬᠦ ᠪᠡᠷ ᠬᠠᠤᠯᠢ ᠳ᠋ᠤ᠌ ᠲᠣᠭᠲᠠᠭᠠᠭᠰᠠᠨ ᠪᠠᠢᠵᠠᠢ᠃ᠵᠣᠭᠣᠰ ᠮᠥᠩᠭᠥ ᠶ᠋ᠢᠨ ᠬᠠᠤᠯᠢ ᠶ᠋ᠢ ᠰᠠᠶᠢ ᠬᠡᠷᠡᠭᠵᠢᠭᠦᠯᠬᠦ ᠦᠶ᠎ᠡ ᠳ᠋ᠦ᠍ ᠵᠢᠯ ᠪᠦᠷᠢ ᠶ᠋ᠢᠨ ᠳᠠᠷᠤᠮᠠᠯᠯᠠᠨ ᠲᠠᠷᠬᠠᠭᠠᠬᠤ ᠵᠣᠭᠣᠰᠤᠨ ᠲᠣᠭ᠎ᠠ ᠶ᠋ᠢ150000 ᠬᠡᠰᠡᠭ ᠮᠥᠩᠭᠥ ᠡᠴᠡ ᠬᠡᠲᠦᠷᠡᠭᠦᠯᠬᠦ ᠦᠭᠡᠢ ᠪᠠᠢᠭ᠎ᠠ ᠪᠠ ᠵᠣᠭᠣᠰᠤᠨ ᠬᠥᠮᠥᠷᠭᠡ ᠨᠤᠭᠦᠳ ᠦ᠋ᠨ ᠰᠠᠭᠤᠷᠢ ᠪᠣᠯᠬᠤ ᠡᠬᠡ ᠮᠥᠩᠭᠥ ᠨᠢ ᠬᠠᠩᠭᠠᠯᠲᠠᠲᠠᠢ᠂ᠵᠣᠭᠣᠰᠤᠨ ᠤ᠋ ᠥᠷᠲᠡᠭ ᠨᠢ ᠲᠣᠭᠲᠠᠪᠤᠷᠢᠲᠠᠢ᠂ᠢᠲᠡᠭᠡᠯ ᠬᠦᠨᠳᠦ ᠨᠢ ᠶᠡᠬᠡ ᠥᠨᠳᠥᠷ᠂ᠠᠷᠠᠳ ᠢᠷᠭᠡᠳ ᠦ᠋ᠨ ᠵᠠᠷᠤᠵᠤ ᠬᠡᠷᠡᠭᠯᠡᠬᠦ ᠳ᠋ᠦ᠍ ᠴᠦ᠍ ᠶᠡᠬᠡᠳᠡ ᠳᠥᠭᠥᠮ ᠪᠠᠢᠪᠠ᠃ᠶᠤᠸᠠᠨ ᠤᠯᠤᠰ ᠤ᠋ᠨ ᠵᠦᠩ ᠲᠦᠩ ᠪᠤᠤ ᠴᠤᠤ ᠴᠠᠭᠠᠰᠤᠨ ᠵᠣᠭᠣᠰ ᠨᠢ ᠱᠠᠩᠳᠤ ᠬᠣᠲᠠ ᠬᠢᠭᠡᠳ ᠮᠣᠩᠭᠣᠯ ᠤ᠋ᠨ ᠲᠠᠯ᠎ᠠ ᠨᠤᠲᠤᠭ ᠲᠠᠬᠢ ᠪᠤᠰᠤᠳ ᠬᠣᠲᠠ ᠪᠠᠯᠭᠠᠰᠤ᠂ᠮᠠᠯᠵᠢᠯ ᠤ᠋ᠨ ᠲᠠᠯᠠᠪᠠᠢ᠂ᠲᠠᠷᠢᠶᠠᠯᠠᠩ ᠤ᠋ᠨ ᠳᠣᠪᠣ᠂ᠣᠯᠠᠨ ᠸᠠᠩ ᠤ᠋ᠨ ᠣᠷᠳᠣᠨ᠂ᠤᠯᠠᠭ᠎ᠠ ᠥᠷᠲᠡᠭᠡ᠂ᠠᠷᠠᠳ ᠢᠷᠭᠡᠳ ᠦ᠋ᠨ ᠨᠡᠭᠦᠳᠡᠯ ᠪᠠᠭᠤᠴᠠ᠂ᠤᠷᠠᠴᠤᠳ ᠤ᠋ᠨ ᠲᠣᠪᠴᠢᠶ᠎ᠠ᠂ᠵᠠᠬ᠎ᠠ ᠳᠡᠯᠭᠡᠭᠦᠷ ᠳᠡᠭᠡᠷ᠎ᠡ ᠠᠷᠠᠯᠵᠢᠶ᠎ᠠ ᠮᠠᠢᠮᠠᠢ ᠬᠢᠬᠦ ᠳ᠋ᠦ᠍ ᠥᠷᠭᠡᠨ ᠬᠡᠷᠡᠭᠯᠡᠭᠳᠡᠭᠰᠡᠨ ᠢ᠋ᠶ᠋ᠡᠷ ᠪᠠᠷᠠᠬᠤ ᠦᠭᠡᠢ ᠪᠠᠰᠠ ᠭᠠᠢᠯᠢ ᠭᠤᠪᠴᠢᠭᠤᠷ ᠲᠤᠰᠢᠶᠠᠬᠤ᠂ᠠᠰᠠᠷᠠᠮᠵᠢ ᠲᠡᠳᠬᠦᠮᠵᠢ ᠣᠯᠭᠣᠬᠤ᠂ᠱᠠᠩᠨᠠᠯ ᠲᠣᠷᠭᠠᠭᠤᠯᠢ ᠶᠠᠪᠤᠭᠤᠯᠬᠤ ᠳ᠋ᠤ᠌ ᠴᠤ᠌ ᠨᠡᠢᠳᠡᠮ ᠬᠡᠷᠡᠭᠯᠡᠭᠳᠡᠭᠰᠡᠨ ᠪᠠᠢᠵᠠᠢ᠃ᠮᠥᠩᠭᠥᠨ ᠭᠦᠢᠯᠭᠡᠭᠡᠨ ᠦ᠌ ᠬᠦᠷᠢᠶᠡᠨ ᠳ᠋ᠦ᠍ ᠪᠠᠰᠠ ᠳᠠᠪᠤᠰᠤᠨ ᠭᠡᠷᠡᠴᠢ᠂ᠳᠠᠪᠤᠰᠤᠨ ᠪᠠᠷᠢᠮᠲᠠ᠂ᠵᠣᠭᠣᠰᠤᠨ ᠲᠡᠮᠳᠡᠭ ᠵᠡᠷᠭᠡ ᠫᠢᠶᠣᠣ ᠲᠡᠮᠳᠡᠭ ᠨᠢ ᠴᠠᠭᠠᠰᠤᠨ ᠵᠣᠭᠣᠰ ᠢ᠋ ᠣᠷᠣᠯᠠᠨ ᠬᠡᠷᠡᠭᠯᠡᠭᠳᠡᠭᠰᠡᠨ ᠨᠢ ᠮᠣᠩᠭᠣᠯ ᠤ᠋ᠨ ᠲᠡᠦᠬᠡᠨ ᠳ᠋ᠦ᠍ ᠬᠠᠮᠤᠭ ᠠᠩᠬ᠎ᠠ ᠤᠳᠠᠭ᠎ᠠ ᠶᠤᠮ᠃
ᠮᠣᠩᠭᠣᠯ ᠤ᠋ᠨ ᠲᠠᠯ᠎ᠠ ᠨᠤᠲᠤᠭ ᠲᠤ᠌ ᠴᠠᠭᠠᠰᠤᠨ ᠵᠣᠭᠣᠰ ᠠᠩᠬ᠎ᠠ ᠬᠡᠷᠡᠭᠯᠡᠭᠰᠡᠨ ᠨᠢ ᠥᠭᠡᠳᠡᠢ ᠬᠠᠭᠠᠨ ᠤ᠋ ᠦᠶ᠎ᠡ ᠳ᠋ᠦ᠍ ᠶᠦ᠍ᠮ᠃1226 ᠣᠨ ᠳ᠋ᠤ᠌ ᠬᠠᠷᠠᠬᠣᠷᠣᠮ ᠳ᠋ᠤ᠌ ᠲᠦᠮᠡᠨ ᠠᠮᠤᠭᠤᠯᠠᠩᠲᠤ ᠣᠷᠳᠣᠨ ᠢ᠋ ᠪᠠᠢᠭᠤᠯᠵᠤ ᠪᠦᠲᠦᠭᠡᠭᠰᠡᠨ ᠬᠣᠢᠨ᠎ᠠ 《ᠵᠢᠶᠣᠤ ᠴᠤᠤ ᠬᠡᠮᠡᠬᠦ ᠴᠠᠭᠠᠰᠤᠨ ᠵᠣᠭᠣᠰ ᠢ᠋ ᠳᠠᠷᠤᠮᠠᠯᠯᠠᠵᠤ ᠲᠠᠷᠬᠠᠭᠠᠲᠤᠭᠠᠢ》ᠭᠡᠮᠡᠨ ᠵᠠᠷᠯᠢᠭ ᠪᠠᠭᠤᠯᠭᠠᠭᠰᠠᠨ ᠶᠤᠮ ᠃ᠬᠤᠪᠢᠯᠠᠢ ᠬᠠᠭᠠᠨ ᠤ᠋ ᠦᠶ᠎ᠡ ᠳ᠋ᠦ᠍ ᠬᠦᠷᠦᠭᠡᠳ ᠮᠣᠩᠭᠣᠯ ᠳᠠᠶᠠᠭᠠᠷ ᠲᠤ᠌ ᠬᠡᠷᠡᠭᠯᠡᠭᠳᠡᠵᠦ ᠪᠠᠢᠭᠰᠠᠨ ᠴᠠᠭᠠᠰᠤᠨ ᠵᠣᠭᠣᠰ ᠶᠠᠪᠤᠬᠤ ᠳᠣᠳᠣᠮ ᠣᠯᠠᠰᠢᠷᠠᠪᠠ᠃《ᠶᠤᠸᠠᠨ ᠤᠯᠤᠰ ᠤ᠋ᠨ ᠰᠤᠳᠤᠷ》᠂《ᠠᠮᠤ ᠪᠤᠳᠠᠭ᠎ᠠ ᠡᠳ᠋ ᠪᠠᠷᠠᠭ᠎ᠠ ᠶ᠋ᠢᠨ ᠲᠡᠮᠳᠡᠭᠯᠡᠯ》ᠳ᠋ᠦ᠍ 《ᠵᠦᠩ ᠲᠦᠩ ᠦ᠋ᠨ ᠬᠣᠶᠠᠳᠤᠭᠠᠷ ᠣᠨ ᠳ᠋ᠤ᠌1200 ᠬᠡᠰᠡᠭ ᠮᠥᠩᠭᠥ ᠬᠦᠷᠬᠦ ᠴᠠᠭᠠᠰᠤᠨ ᠵᠣᠭᠣᠰ ᠭᠠᠷᠭᠠᠵᠤ ᠱᠠᠩᠳᠤ᠂ ᠪᠡᠭᠡᠵᠢᠩ᠂ᠰᠢᠵᠢᠩ ᠵᠡᠷᠭᠡ ᠭᠠᠵᠠᠷ ᠠ᠋ᠴᠠ30000 ᠳ᠋ᠠᠨ ᠠᠮᠤ ᠶ᠋ᠢ ᠠᠩᠬ᠎ᠠ ᠤᠳᠠᠭ᠎ᠠ ᠬᠤᠳᠠᠯᠳᠤᠨ ᠠᠪᠤᠪᠠ》 ᠭᠡᠵᠡᠢ᠃ᠡᠨᠡ ᠬᠦ᠌ ᠲᠡᠮᠳᠡᠭᠯᠡᠯ ᠡᠴᠡ ᠦᠵᠡᠪᠡᠯ ᠱᠠᠩᠳᠤ ᠬᠣᠲᠠ ᠶ᠋ᠢᠨ ᠮᠣᠩᠭᠣᠯᠴᠤᠳ ᠴᠠᠭᠠᠰᠤᠨ ᠵᠣᠭᠣᠰ ᠢ᠋ᠶ᠋ᠠᠷ ᠠᠮᠤ ᠪᠤᠳᠠᠭ᠎ᠠ ᠬᠤᠳᠠᠯᠳᠤᠨ ᠠᠪᠤᠭᠰᠠᠨ ᠬᠠᠮᠤᠭ ᠡᠷᠲᠡᠨ ᠦ᠌ ᠴᠠᠭ ᠨᠢ1261ᠣᠨ ᠪᠣᠯᠤᠨ᠎ᠠ᠃ᠲᠡᠭᠦᠨ ᠡᠴᠡ ᠬᠣᠢᠰᠢ ᠮᠣᠩᠭᠣᠯ ᠤ᠋ᠨ ᠲᠠᠯ᠎ᠠ ᠨᠤᠲᠤᠭ ᠲᠤ᠌ ᠬᠡᠷᠡᠭᠯᠡᠭᠳᠡᠵᠦ ᠪᠠᠢᠭᠰᠠᠨ ᠴᠠᠭᠠᠰᠤᠨ ᠵᠣᠭᠣᠰᠤᠨ ᠤ᠋ ᠬᠦᠷᠢᠶ᠎ᠡ ᠬᠡᠪᠴᠢᠶ᠎ᠡ ᠥᠷᠭᠡᠵᠢᠨ ᠥᠷᠭᠡᠵᠢᠭᠰᠡᠭᠡᠷ ᠲᠡᠢᠨ ᠳ᠋ᠦ᠍ ᠮᠣᠷᠳᠠᠬᠤ ᠴᠡᠷᠢᠭ ᠡᠷ᠎ᠡ ᠳ᠋ᠦ᠍ ᠬᠦᠷᠲᠡᠭᠡᠬᠦ ᠰᠣᠶᠣᠷᠬᠠᠯ᠂ᠵᠠᠰᠠᠭ ᠲᠥᠷᠥ ᠶ᠋ᠢᠨ ᠵᠢᠯ ᠦ᠋ᠨ ᠵᠠᠷᠤᠳᠠᠯ᠂ᠭᠠᠮᠰᠢᠭᠳᠠᠭᠰᠠᠨ ᠣᠷᠣᠨ ᠢ᠋ ᠲᠤᠰᠠᠯᠠᠬᠤ ᠵᠠᠷᠤᠳᠠᠯ᠂ᠬᠤᠳᠠᠯᠳᠤᠭᠠᠨ ᠤ᠋ ᠭᠠᠢᠯᠢ᠂ᠪᠤᠰᠤᠳ ᠡᠯ᠎ᠡ ᠵᠦᠢᠯ ᠦ᠋ᠨ ᠵᠠᠷᠤᠳᠠᠯ ᠳ᠋ᠤ᠌ ᠪᠦᠷ ᠴᠠᠭᠠᠰᠤᠨ ᠵᠣᠭᠣᠰ ᠥᠷᠭᠡᠨ ᠳᠡᠯᠭᠡᠷ ᠬᠡᠷᠡᠭᠯᠡᠭᠳᠡᠬᠦ ᠪᠣᠯᠵᠠᠢ᠃ᠲᠤᠬᠠᠢ ᠶ᠋ᠢᠨ ᠦᠶᠡᠰ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠬᠣᠲᠠ᠂ᠣᠯᠠᠨ ᠸᠠᠩ ᠤ᠋ᠨ ᠣᠷᠳᠣᠨ ᠤ᠋ ᠲᠥᠪ᠂ᠮᠣᠩᠭᠣᠯ ᠤ᠋ᠨ ᠡᠯ᠎ᠡ ᠭᠠᠵᠠᠷ ᠪᠠᠢᠭᠤᠯᠤᠭᠰᠠᠨ ᠬᠣᠲᠠ ᠪᠠᠯᠭᠠᠳ᠂ᠤᠷᠠᠴᠤᠤᠯ ᠤ᠋ᠨ ᠲᠣᠪᠴᠢᠶ᠎ᠠ᠂ᠲᠠᠷᠢᠶᠠᠯᠠᠩ ᠤ᠋ᠨ ᠳᠣᠪᠣ᠂ᠴᠤᠭᠯᠠᠭ᠎ᠠ ᠮᠠᠢᠮᠠᠢ ᠶ᠋ᠢᠨ ᠵᠠᠬ᠎ᠠ᠂ᠤᠯᠠᠭ᠎ᠠ ᠥᠷᠲᠡᠭᠡ᠂ᠪᠠᠭᠤᠳᠠᠯ᠂ᠶᠡᠬᠡ ᠵᠠᠮ ᠳᠠᠭᠠᠤ ᠰᠠᠭᠤᠷᠢᠨ ᠪᠠᠭᠤᠴᠠ ᠳ᠋ᠤ᠌ ᠨᠡᠢᠳᠡᠮ ᠴᠠᠭᠠᠰᠤᠨ ᠵᠣᠭᠣᠰ ᠢ᠋ᠶ᠋ᠠᠷ ᠠᠷᠠᠯᠵᠢᠶ᠎ᠠ ᠮᠠᠢᠮᠠᠢ ᠬᠢᠵᠦ ᠪᠠᠢᠭᠰᠠᠨ ᠠᠵᠢ᠃
ᠳᠤᠮᠳᠠᠳᠤ ᠤᠯᠤᠰ ᠤ᠋ᠨ ᠣᠳᠣ ᠬᠠᠳᠠᠭᠠᠯᠠᠵᠤ ᠪᠠᠢᠭ᠎ᠠ ᠬᠠᠮᠤᠭ ᠡᠷᠲᠡᠨ ᠦ᠌ ᠴᠠᠭᠠᠰᠤᠨ ᠵᠣᠭᠣᠰ ᠪᠣᠯ ᠶᠤᠸᠠᠨ ᠤᠯᠤᠰ ᠤ᠋ᠨ ᠬᠤᠪᠢᠯᠠᠢ ᠰᠡᠴᠡᠨ ᠬᠠᠭᠠᠨ ᠤ᠋ ᡁᠢ ᠶᠤᠸᠠᠨ ᠤ᠋ ᠬᠣᠷᠢᠨ ᠳᠥᠷᠪᠡᠳᠦᠭᠡᠷ ᠣᠨ(1287 ᠣᠨ) ᠠ᠋ᠴᠠ ᠡᠬᠢᠯᠡᠨ ᠲᠠᠷᠬᠠᠭᠠᠭᠰᠠᠨ 《ᡁᠢ ᠶᠤᠸᠠᠨ ᠤ᠋ ᠨᠡᠢᠳᠡᠮ ᠬᠡᠷᠡᠭᠯᠡᠬᠦ ᠡᠷᠳᠡᠨᠢ ᠶ᠋ᠢᠨ ᠵᠣᠭᠣᠰ》ᠪᠣᠯᠤᠨ᠎ᠠ᠃ᠡᠨᠡ ᠬᠦ᠌ ᠴᠠᠭᠠᠰᠤᠨ ᠵᠣᠭᠣᠰ ᠢ᠋ ᠢᠯᠠᠮ᠎ᠠ ᠶ᠋ᠢᠨ ᠳᠤᠷᠤᠰᠤᠨ ᠴᠠᠭᠠᠰᠤ ᠪᠠᠷ ᠳᠠᠷᠤᠮᠠᠯᠯᠠᠨ ᠦᠢᠯᠡᠳᠴᠦ ᠬᠢᠵᠡᠢ᠃27.8 ᠮᠢᠯᠯᠢᠮᠧᠲ᠋ᠷ ᠤᠷᠲᠤ᠂18.9 ᠮᠢᠯᠯᠢᠮᠧᠲ᠋ᠷ ᠥᠷᠭᠡᠨ ᠪᠢᠯᠡ᠃
ᠤᠩᠰᠢᠭᠴᠢ᠄ ᠨᠠᠷᠠᠨᠴᠢᠮᠡᠭ
ᠦᠰᠦᠭ ᠠᠮᠢᠯᠠᠭᠤᠯᠦᠭ᠍ᠴᠢ᠄ ᠤᠤᠭᠠᠨᠵᠢᠳ ᠂ ᠣᠶᠤᠨᠴᠢᠮᠡᠭ᠂ ᠣᠶᠤᠨ᠂ᠰᠢᠵᠢᠷᠮᠠᠨᠲᠤᠯ᠎ᠠ
ᠬᠢᠨᠡᠭ᠍ᠴᠢ᠄ ᠨᠠᠷᠠᠩᠭᠤᠸ᠎ᠠ ᠮᠤᠩᠭᠤᠯᠵᠠᠶᠠᠭ᠎ᠠ