ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < доорд > – Мөнх зохиоов ᠂Дөдгөөр бодь – Нэгдүгээр бүлэг <7> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < доорд > – Мөнх зохиоов ᠂Дөдгөөр бодь – Нэгдүгээр бүлэг <7>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠳᠣᠯᠣᠭ᠎ᠠ> Хан мунын сүүрс < доорд > – Мөнх зохиоов ᠂Дөдгөөр бодь – Нэгдүгээр бүлэг <7>

ᠠᠩᠭᠢᠯᠠᠯ:ᠲᠤᠭᠤᠵᠢ ᠷᠣᠮᠠᠨ
2025-03-28

249

ᠲᠦᠲᠦᠭᠡᠷ ᠪᠣᠲᠢ – ᠨᠢᠭᠡᠳᠦᠭᠡᠷ ᠪᠦᠯᠦᠭ <ᠳᠣᠯᠣᠭ᠎ᠠ>


                ᠳᠣᠯᠣᠭ᠎ᠠ  

       ᠣᠩᠭᠣᠨ ᠬᠠᠷ᠎ᠠ ᠪᠤᠬ᠎ᠠ ᠪᠠᠷ ᠬᠣᠰᠢᠭᠤ ᠣᠪᠣᠭ᠎ᠠ ᠪᠠᠨ ᠰᠦᠵᠢᠭᠯᠡᠨ ᠳᠠᠬᠢᠬᠰᠠᠨ ᠠ᠋ᠴᠠ  ᠬᠠᠨ ᠮᠤᠨᠠ ᠶ᠋ᠢᠨ ᠰᠠᠬᠢᠭᠤᠰᠤ ᠪᠠᠷᠠᠭᠤᠨ ᠬᠦᠩ ᠦ᠋ᠨ ᠬᠢᠨ ᠦ᠌ ᠨᠠᠢᠷ ᠨᠠᠭᠠᠳᠤᠮ ᠢ᠋ ᠢᠪᠡᠭᠡᠭᠰᠡᠨ ᠭᠡᠮᠡᠷ ᠡᠭᠦᠯᠡ ᠨᠢ ᠴᠡᠩᠬᠡᠷ᠂ ᠣᠭᠲᠠᠷᠭᠤᠢ ᠨᠢ ᠴᠡᠯᠮᠡᠭ᠂ ᠬᠤᠷᠠᠭᠰᠠᠨ ᠨᠠᠭᠠᠳᠤᠮᠴᠢᠳ ᠤ᠋ᠨ ᠰᠡᠳᠬᠢᠯ ᠲᠡᠨᠢᠭᠡᠷ ᠪᠠᠢᠯ᠎ᠠ᠃ 
       ᠲᠠᠬᠢᠯᠭ᠎ᠠ ᠶ᠋ᠢᠨ ᠳᠠᠷᠠᠭ᠎ᠠ ᠡᠳᠦᠷ ᠲᠦ᠋ᠨᠢ ᠵᠦᠯᠭᠡ ᠨᠣᠭᠣᠭ᠎ᠠ ᠶ᠋ᠢ ᠰᠡᠷᠪᠡᠯᠵᠡᠭᠦᠯᠦᠮ᠎ᠡ ᠰᠠᠢᠬᠠᠨ ᠵᠦᠰᠡᠷ ᠪᠣᠷᠣᠭᠠᠨ ᠰᠢᠪᠡᠷᠡᠪᠡ᠃ ᠡᠨᠡ ᠨᠠᠭᠠᠳᠤᠮ ᠨᠠᠢᠷ ᠲᠤ ᠨᠢᠭᠡ ᠯᠡ ᠰᠠᠭᠠᠳ ᠬᠠᠷᠰᠢ ᠪᠣᠯᠤᠭ᠎ᠠ ᠦᠭᠡᠢ᠃ ᠬᠠᠷᠢᠨ ᠬᠥᠮᠦᠨ ᠦ᠌ ᠬᠥᠯ ᠳ᠋ᠦ᠍ ᠪᠣᠰᠤᠭᠰᠠᠨ ᠥᠯᠥᠨ ᠲᠣᠭᠣᠰᠣ ᠶ᠋ᠢ ᠳᠠᠷᠤᠵᠤ᠂ ᠨᠠᠭᠠᠳᠤᠮ ᠤ᠋ᠨ ᠲᠠᠯᠠᠪᠤᠷ ᠢ᠋ ᠲᠣᠷᠭᠠᠨ ᠲᠤᠩᠭᠠᠯᠠᠭ ᠪᠣᠯᠭᠠᠭᠰᠠᠨ ᠰᠢᠭ᠋ ᠰᠡᠳᠬᠢᠯ ᠳ᠋ᠦ᠍ ᠨᠢᠭᠡ ᠯᠡ ᠲᠠᠭᠠᠲᠠᠢ᠃ 
       ᠣᠪᠣᠭ᠎ᠠ ᠣᠩᠭᠣᠳ ᠲᠠᠭᠠᠨ ᠰᠠᠢᠨ ᠰᠠᠢᠬᠠᠨ ᠪᠦᠬᠦᠨ ᠢ᠋ᠶ᠋ᠡᠨ ᠳᠠᠭᠠᠳᠬᠠᠵᠤ ᠮᠥᠷᠭᠥᠭᠰᠡᠨ ᠬᠥᠮᠦᠰ ᠦ᠋ᠨ ᠰᠡᠳᠬᠢᠯ ᠰᠠᠨᠠᠭ᠎ᠠ ᠰᠡᠷᠭᠦᠵᠦ᠂ ᠵᠠᠷᠢᠮ ᠨᠢ ᠬᠠᠷ᠎ᠠ ᠡᠷᠲᠡ ᠪᠡᠷ ᠪᠥᠬᠡ ᠶ᠋ᠢᠨ ᠰᠣᠷᠢᠶ᠎ᠠ ᠪᠠ ᠰᠣᠢᠯᠭ᠎ᠠ ᠶ᠋ᠢᠨ ᠮᠣᠷᠢᠳ ᠳᠠᠪᠬᠢᠯᠳᠤᠬᠤ ᠶ᠋ᠢ ᠰᠣᠨᠢᠷᠬᠠᠵᠤ ᠳᠡᠪᠵᠢᠶᠡᠷᠡᠨ᠎ᠡ᠁ ᠣᠪᠣᠭ᠎ᠠ ᠨᠠᠢᠷ ᠤ᠋ᠨ ᠪᠥᠬᠡ ᠶ᠋ᠢᠨ ᠮᠥᠷᠥᠢᠴᠡᠭᠡᠨ ᠰᠢᠷᠦᠭᠦᠨ ᠶᠠᠪᠤᠭᠳᠠᠵᠠᠢ᠃  ᠭᠤᠷᠪᠠᠨ ᠤᠷᠠᠳ ᠤ᠋ᠨ ᠪᠥᠬᠡ ᠪᠠ ᠬᠠᠷᠢ ᠬᠥᠨᠳᠡᠯᠡᠨ ᠬᠤᠰᠢᠭᠤᠨ ᠤ᠋ ᠰᠠᠢᠨ ᠰᠠᠢᠨ ᠪᠥᠬᠡᠴᠦᠳ ᠵᠦᠭ ᠵᠦᠭ ᠡᠴᠡ ᠬᠤᠷᠠᠨ ᠴᠤᠭᠯᠠᠷᠠᠵᠠᠢ᠃ ᠡᠭᠦᠨ ᠳ᠋ᠦ᠍ ᠳᠤᠮᠳᠠᠳᠤ ᠬᠦᠩ ᠦ᠋ᠨ ᠬᠤᠰᠢᠭᠤᠨ ᠤ᠋ ᠠᠪᠤᠷᠭᠤ ᠵᠠᠨ᠎ᠠ ᠭᠡᠭᠴᠢ ᠲᠤᠷᠠᠩᠬᠠᠢ ᠰᠢᠷ᠎ᠠ ᠡᠷ᠎ᠡ᠂ ᠶᠠᠯᠢᠮ ᠦᠭᠡᠢ ᠮᠣᠢᠩᠭᠤᠵᠢᠭᠤ ᠬᠥᠯ ᠲᠡᠢ ᠴᠤ᠌ ᠲᠠᠭᠠᠷᠠᠤᠬᠠᠨ ᠪᠥᠬᠡ ᠶ᠋ᠢ ᠪᠠᠷᠢᠴᠠ ᠦᠭᠡᠢ ᠴᠣᠬᠢᠶ᠎ᠠ ᠬᠢᠵᠦ ᠬᠠᠶᠠᠴᠢᠬᠠᠭᠠᠳ ᠴᠠᠭᠠᠰᠢ ᠳᠡᠪᠢᠴᠢᠬᠡᠳᠡᠭ ᠰᠦᠷᠡᠬᠡᠢ ᠪᠠᠷᠢᠯᠳᠤᠳᠠᠭ ᠰᠢᠷᠦᠭᠦᠨ ᠪᠥᠬᠡ ᠶ᠋ᠢᠨ ᠨᠢᠭᠡ᠃ ᠲᠡᠭᠦᠨ ᠦ᠌ ᠳᠠᠩ ᠵᠣᠪᠬᠢ ᠲᠠᠢ ᠣᠭᠣᠯᠢ ᠶ᠋ᠢᠨ ᠰᠢᠷ᠎ᠠ ᠨᠢᠳᠦ ᠨᠢ ᠪᠥᠬᠡ ᠶ᠋ᠢ ᠬᠠᠷᠠᠮᠠᠭᠴᠠ ᠲᠠᠷ ᠢ᠋ ᠨᠢ ᠲᠠᠨᠢᠴᠢᠬᠠᠳᠠᠭ ᠣᠪᠢᠳᠢᠰ ᠲᠠᠢ ᠭᠡᠮᠡᠷ ᠣᠴᠢ ᠬᠠᠷᠪᠤᠨ ᠬᠡᠷᠡᠯᠳᠦᠵᠦ ᠪᠠᠢᠳᠠᠭ᠃ ᠮᠢᠩᠭᠠᠨ ᠸᠠᠩ ᠤ᠋ᠨ ᠳᠠᠷᠬᠠᠨ ᠴᠣᠯᠠ ᠲᠠᠢ ᠪᠥᠬᠡ ᠲᠡᠮᠦᠷᠳ᠋ᠦ᠋ᠰᠢ ᠭᠡᠭᠴᠢ ᠶᠣᠰᠣᠲᠠᠢ ᠨᠡᠷ᠎ᠡ ᠳ᠋ᠡᠭᠡᠨ ᠵᠣᠬᠢᠴᠠᠭᠰᠠᠨ ᠪᠡᠶ᠎ᠡ ᠬᠠᠳᠠ ᠨᠢ ᠴᠢᠳᠬᠤᠮᠠᠯ ᠬᠦᠷᠡᠯ ᠰᠢᠭ᠂ ᠴᠣᠯ ᠪᠤᠯᠴᠢᠩ ᠲᠠᠢ᠂ ᠭᠤᠶ᠎ᠠ ᠬᠠᠰᠠ ᠨᠢ ᠵᠠᠭᠠᠨ ᠤ᠋ ᠬᠥᠯ ᠰᠢᠭ᠂ ᠬᠦᠷᠡᠩ ᠬᠠᠷᠠᠪᠲᠤᠷ ᠴᠢᠷᠠᠢ ᠳ᠋ᠤᠨᠢ ᠪᠡᠶ᠎ᠡ ᠡᠴᠡ ᠪᠡᠨ ᠪᠤᠰᠤᠳ ᠢ᠋ ᠪᠠᠰᠤᠭᠰᠠᠨ ᠣᠮᠣᠷᠬᠠᠭ ᠠᠪᠤᠷᠢ ᠲᠠᠨᠢᠭᠳᠠᠵᠤ᠂ ᠪᠤᠬᠠᠨ ᠠᠯᠠᠭ ᠨᠢᠳᠦ ᠨᠢ ᠰᠦᠷᠯᠢᠭᠦᠨ ᠭᠥᠯᠢᠯᠵᠡᠬᠦ ᠡᠴᠡ ᠬᠠᠰᠢᠷ ᠰᠠᠭᠤᠭ᠎ᠠ ᠦᠭᠡᠢ ᠪᠥᠬᠡ ᠪᠣᠯ ᠬᠠᠷᠠᠩᠭᠤᠲᠠ ᠠᠢᠳᠠᠰ ᠲᠥᠷᠥᠵᠦ ᠪᠠᠷᠢᠴᠠ ᠠᠯᠳᠠᠬᠤ ᠳ᠋ᠤ᠌ ᠣᠢᠷ᠎ᠠ ᠪᠠᠢᠳᠠᠭ ᠰᠠᠨᠵᠠᠢ᠃ ᠡᠨᠡ ᠮᠡᠲᠦ ᠪᠡᠷ ᠰᠠᠢᠨ ᠡᠷ᠎ᠡ ᠰᠢᠯᠢᠳᠡᠭ ᠪᠥᠬᠡ ᠨᠠᠢᠷ ᠲᠤ ᠮᠤᠩ ᠦᠭᠡᠢ ᠠᠷᠪᠢᠨ ᠢᠷᠡᠵᠡᠢ᠃ ᠳᠡᠯᠡᠳ ᠦ᠋ᠨ ᠲᠡᠮᠡᠭᠡ ᠴᠣᠭᠳᠣᠨ᠂ ᠦᠦᠰᠢᠨ ᠦ᠌ ᠬᠣᠮᠨᠣᠭ᠎ᠠ ᠰᠢᠷ᠎ᠠ᠂《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠰᠢᠷᠡᠭᠡ ᠪᠠᠭᠰᠢ ᠶ᠋ᠢᠨ ᠬᠠᠪᠰᠤᠷᠤᠭ᠎ᠠ ᠪᠠᠷ᠂ ᠭᠡᠭᠡᠨ ᠰᠠᠩ ᠤ᠋ᠨ ᠭᠠᠳᠠᠰᠤ ᠪᠠᠳᠠᠢ᠁ ᠵᠡᠷᠭᠡ ᠴᠤᠤᠲᠤ ᠪᠥᠬᠡ ᠨᠦ᠍ᠭᠦᠳ ᠨᠠᠭᠠᠳᠤᠮᠴᠢᠳ ᠤ᠋ᠨ ᠨᠢᠳᠦ ᠰᠡᠳᠬᠢᠯ ᠳ᠋ᠦ᠍ ᠲᠠᠭᠠᠯᠠᠭᠳᠠᠵᠤ ᠪᠠᠢᠪᠠ᠃  ᠮᠣᠩᠭᠣᠯ ᠪᠥᠬᠡ ᠶ᠋ᠢᠨ ᠪᠠᠷᠢᠯᠳᠤᠭᠠᠨ ᠳ᠋ᠤ᠌ ᠮᠣᠩᠭᠣᠯ ᠡᠷᠡᠰ ᠦ᠋ᠨ ᠪᠡᠶ᠎ᠡ ᠪᠢᠯᠳᠠᠷ᠂ ᠪᠢᠷ᠎ᠠ ᠲᠡᠩᠬᠡᠭᠡ᠂ ᠤᠬᠠᠭᠠᠨ ᠰᠠᠮᠪᠠᠭ᠎ᠠ ᠪᠠᠷ ᠴᠣᠯᠭᠣᠷᠠᠵᠤ ᠣᠯᠠᠨ᠎ᠠ ᠱᠠᠭᠰᠢᠭᠳᠠᠬᠤ ᠶ᠋ᠢ ᠶᠠᠭᠤᠨ ᠦᠭᠦᠯᠡᠬᠦ᠃ 
       ᠳᠤᠮᠳᠠᠳᠤ ᠬᠦᠩ ᠦ᠋ᠨ ᠠᠪᠤᠷᠭᠤ ᠵᠠᠨ᠎ᠠ ᠮᠢᠩᠭᠠᠨ ᠸᠠᠩ ᠤ᠋ᠨ ᠲᠡᠮᠦᠷᠳ᠋ᠦ᠋ᠰᠢ ᠬᠣᠶᠠᠷ ᠪᠠᠷᠠᠭᠤᠨ ᠬᠦᠩ ᠦ᠋ᠨ ᠤᠳᠤᠮ ᠰᠠᠢᠲᠠᠢ ᠵᠢᠷᠣᠭ᠎ᠠ ᠬᠠᠯᠢᠭᠤᠨ ᠢ᠋ ᠬᠥᠲᠥᠯᠦᠨ᠎ᠡ ᠭᠡᠵᠦ ᠬᠣᠭᠣᠷᠣᠨᠳᠣ ᠪᠠᠨ ᠬᠣᠷᠣ ᠠᠲᠠᠭ᠎ᠠ ᠪᠣᠯᠵᠤ᠂ ᠪᠠᠷᠠᠭᠤᠨ ᠬᠦᠩ ᠦ᠋ᠨ ᠪᠥᠬᠡ ᠶ᠋ᠢ ᠶᠡᠬᠡ ᠯᠡ ᠪᠠᠰᠤᠵᠤ᠂ ᠪᠠᠷᠳᠠᠮ ᠦᠭᠡ ᠲᠠᠯᠪᠢᠨ ᠨᠢᠭᠡ ᠨᠢ ᠰᠤᠷ ᠨᠣᠭᠲᠣ ᠪᠦᠰᠡᠯᠡᠵᠦ᠂ ᠨᠥᠭᠦᠭᠡ ᠨᠢ ᠬᠢᠯᠭᠠᠰᠤᠨ ᠨᠣᠭᠲᠣ ᠭᠠᠨᠵᠤᠭᠠᠯᠠᠵᠤ ᠢᠷᠡᠭᠰᠡᠨ ᠬᠡᠴᠡᠬᠡᠨ᠎ᠡ᠃ 
       ᠳᠤᠮᠳᠠᠳᠤ ᠬᠦᠩ ᠦ᠋ᠨ ᠪᠣᠰᠤᠭ᠎ᠠ ᠠᠪᠤᠷᠭᠤ ᠵᠠᠨ᠎ᠠ ᠪᠠᠷᠠᠭᠤᠨ ᠬᠦᠩ ᠦ᠋ᠨ ᠠᠷᠪᠠᠨ ᠳᠣᠯᠣᠭᠠᠲᠠᠢ ᠠᠭᠤᠯᠠᠨᠬᠦᠦ ᠳ᠋ᠦ᠍ ᠵᠢᠷᠠᠨ ᠳᠥᠷᠪᠡ ᠶ᠋ᠢᠨ ᠨᠤᠭᠤᠯᠤᠭ᠎ᠠ ᠳ᠋ᠤ᠌ ᠬᠤᠰᠤᠮ ᠦᠭᠡᠢ ᠬᠤᠰᠤᠭᠳᠠᠭᠰᠠᠨ ᠳ᠋ᠠᠭᠠᠨ ᠬᠣᠷᠣ ᠨᠢ ᠬᠥᠳᠡᠯᠵᠦ ᠬᠣᠶᠠᠷ ᠡᠳᠦᠷ ᠬᠣᠭᠣᠯᠠ ᠬᠣᠰᠢ ᠦᠭᠡᠢ ᠨᠠᠪᠲᠠᠢᠵᠤ ᠭᠡᠨ᠎ᠡ᠃  ᠬᠠᠷᠢᠨ ᠰᠡᠭᠦᠯ ᠳ᠋ᠡᠭᠡᠨ《ᠵᠠ᠂ ᠪᠠᠢᠵᠠ! ᠡᠨᠡ ᠬᠦᠦ ᠰᠦᠷᠡᠬᠡᠢ ᠴᠠᠷᠢᠭᠤᠨ ᠡᠷ᠎ᠡ ᠭᠠᠷᠬᠤ ᠶᠤᠮ ᠪᠠᠢᠨ᠎ᠠ᠃ ᠴᠠᠭᠠᠳᠤᠬᠢ ᠲᠡᠮᠦᠷᠳ᠋ᠦ᠋ᠰᠢ ᠶ᠋ᠢ ᠰᠢᠷᠣᠢ ᠡᠮᠬᠦᠭᠦᠯᠦᠭᠡᠳ ᠬᠠᠶᠠᠴᠢᠬᠠᠪᠠᠯ ᠴᠤ᠌ ᠶᠠᠭᠠᠮᠠᠢ ᠳᠠ! ᠲᠡᠷᠡ ᠪᠢᠳᠡ ᠬᠣᠶᠠᠷ ᠬᠡᠨ ᠬᠡᠨ ᠦ᠌ ᠪᠡᠨ ᠬᠢᠷᠢ ᠶ᠋ᠢ ᠦᠵᠡᠬᠦ ᠪᠣᠢ? ᠲᠡᠮᠡᠭᠡᠨ ᠳ᠋ᠦ᠍ ᠲᠡᠩᠨᠡᠪᠡᠴᠦ ᠳᠠᠩ ᠴᠢᠴᠠᠤ》 ᠭᠡᠵᠦ ᠪᠡᠶ᠎ᠡ ᠪᠡᠨ ᠰᠠᠭᠠᠲᠠᠭᠤᠯᠵᠤ ᠠᠭᠣᠯᠠᠨᠬᠦᠦ ᠳ᠋ᠦ᠍ ᠵᠣᠷᠢᠭᠤᠳᠠ ᠬᠠᠪᠢᠳᠠᠵᠤ《ᠢᠩᠭᠢ ᠴᠢᠩᠭᠢ》 ᠭᠡᠵᠦ《ᠲᠡᠭᠦᠨ ᠦ᠌ ᠲᠣᠩᠭᠣᠷᠬᠤ ᠶ᠋ᠢ ᠬᠢᠴᠢᠶᠡ᠂ ᠲᠣᠩᠭᠣᠷᠬᠤ ᠲᠠᠢ ᠵᠡᠷᠭᠡ ᠪᠠᠷᠢᠴᠠ ᠪᠠᠨ ᠡᠪᠬᠡᠵᠦ ᠲᠠᠬᠢᠮ ᠳᠡᠭᠡᠭᠡ ᠬᠢ! ᠪᠤᠰᠢᠭᠤ ᠣᠷᠣ᠁ ᠭᠡᠬᠦᠴᠢᠯᠡᠨ ᠠᠭᠤᠯᠠᠨᠬᠦᠦ ᠳ᠋ᠦ᠍ ᠵᠢᠭᠠᠵᠤ ᠲᠣᠬᠢᠨ᠎ᠠ᠃ ᠲᠡᠭᠡᠬᠦ ᠳ᠋ᠦ᠍ ᠮᠢᠩᠭᠠᠨ ᠸᠠᠩ ᠤ᠋ᠨ ᠲᠡᠮᠦᠷᠳ᠋ᠦ᠋ᠰᠢ ᠬᠠᠷᠢᠨ ᠠᠪᠤᠷᠭᠤ ᠵᠠᠨ᠎ᠠ ᠶ᠋ᠢ《ᠶᠠᠯᠢᠮ ᠦᠭᠡᠢ ᠮᠠᠭᠤ ᠪᠢᠷᠠᠭᠤᠨ ᠳ᠋ᠤ᠌ ᠰᠡᠵᠢᠭᠳᠡᠴᠢᠬᠡᠯ᠎ᠡ᠁ ᠦᠭᠡᠢ ᠰᠠᠨ ᠪᠣᠯ ᠡᠨᠡ ᠨᠠᠭᠠᠳᠤᠮ ᠳ᠋ᠤ᠌ ᠲᠡᠭᠦᠨ ᠲᠡᠢ ᠶᠣᠰᠣᠲᠠᠢ ᠨᠢᠭᠡ ᠡᠷ᠎ᠡ ᠪᠢᠷ᠎ᠠ ᠪᠠᠨ ᠰᠢᠯᠭᠠᠯᠴᠠᠬᠤ ᠪᠠᠢᠭᠰᠠᠨ ᠶᠤᠮ᠃ ᠬᠠᠷᠢᠨ ᠣᠳᠣ ᠡᠨᠡ ᠠᠮᠠᠨ ᠤ᠋ ᠬᠢᠨᠢ ᠰᠢᠷ᠎ᠠ ᠠᠷᠢᠯᠤᠭᠠᠳᠤᠢ ᠬᠡᠦᠬᠡᠳ ᠢ᠋ ᠬᠠᠶᠠᠴᠢᠬᠠᠯ᠎ᠠ ᠭᠡᠳ ᠪᠢ ᠴᠦ᠍ ᠭᠠᠢᠬᠠᠮᠰᠢᠭ ᠪᠢᠰᠢ ᠠ᠋!》 ᠭᠡᠵᠦ ᠠᠪᠤᠷᠭᠤ ᠵᠠᠨ᠎ᠠ ᠶ᠋ᠢ ᠬᠠᠶᠠᠭᠰᠠᠨ ᠠᠷᠪᠠᠨ ᠳᠣᠯᠣᠭᠠᠲᠠᠢ ᠬᠦᠦ ᠶ᠋ᠢ ᠮᠠᠰᠢᠳᠠ ᠪᠠᠰᠤᠵᠤ《ᠪᠠᠷᠠᠭᠤᠨ ᠬᠦᠩ ᠦ᠋ᠨ ᠪᠥᠬᠡ ᠶ᠋ᠢᠨ ᠦᠵᠦ ᠶ᠋ᠢ ᠰᠤᠭᠤᠯᠵᠤ᠂ ᠵᠢᠷᠣᠭ᠎ᠠ ᠬᠠᠯᠢᠭᠤᠨ ᠦᠷᠢᠶ᠎ᠡ ᠶ᠋ᠢ ᠲᠡᠮᠦᠷᠳ᠋ᠦ᠋ᠰᠢ ᠨᠣᠭᠲᠣᠯᠠᠬᠤ ᠠ᠋ᠴᠠ ᠪᠢᠰᠢ ᠥᠭᠡᠷ᠎ᠡ ᠨᠠᠳᠠ ᠲᠠᠢ ᠲᠡᠩᠴᠡᠬᠦ ᠰᠥᠰᠥ ᠲᠡᠩᠬᠡᠭᠡ ᠲᠡᠢ ᠡᠷ᠎ᠡ ᠬᠡᠨ ᠪᠠᠢᠨ᠎ᠠ!》 ᠭᠡᠵᠦ ᠪᠠᠷᠳᠠᠮ ᠦᠭᠡ ᠬᠠᠶᠠᠵᠤ ᠪᠠᠢᠭᠰᠠᠨ ᠢ᠋ᠶ᠋ᠠᠨ ᠰᠡᠭᠦᠯ ᠰᠡᠭᠦᠯ ᠳ᠋ᠡᠭᠡᠨ ᠪᠦᠷ ᠴᠦ᠍ ᠠᠭᠰᠤᠮᠨᠠᠵᠤ ᠡᠬᠢᠯᠡᠪᠡ᠃ ᠪᠥᠬᠡ ᠳ᠋ᠦ᠍ ᠬᠣᠷᠣᠬᠠᠢ ᠲᠠᠢ ᠬᠥᠮᠦᠰ ᠦ᠋ᠨ ᠵᠠᠷᠢᠮ ᠨᠢ ᠮᠢᠩᠭᠠᠨ ᠸᠠᠩ ᠤ᠋ᠨ ᠠᠪᠤᠷᠭᠤ ᠶ᠋ᠢᠨ ᠬᠡ ᠲᠡᠮᠦᠷᠳ᠋ᠦ᠋ᠰᠢ ᠶᠢᠨ ᠠᠮᠠ ᠶ᠋ᠢ ᠬᠠᠷᠠᠵᠤ ᠪᠣᠷᠪᠢᠳᠠᠨ ᠳᠠᠭᠠᠨ᠎ᠠ᠃
       ᠬᠣᠰᠢᠭᠤ ᠨᠠᠭᠠᠳᠤᠮ ᠤ᠋ᠨ ᠨᠠᠢᠷ ᠬᠡᠳᠦᠨ ᠡᠳᠦᠷ ᠦᠷᠭᠦᠯᠵᠢᠯᠡᠨ ᠨᠣᠵᠣᠭᠣᠷᠠᠵᠤ ᠪᠠᠢᠯ᠎ᠠ᠃  
       ᠡᠳᠦᠷ ᠦ᠋ᠨ ᠬᠤᠪᠢ ᠳ᠋ᠤ᠌ ᠨᠠᠭᠠᠳᠤᠮᠴᠢᠳ ᠮᠣᠷᠢ ᠲᠠᠯᠪᠢᠬᠤ᠂ ᠪᠥᠬᠡ ᠰᠣᠨᠢᠷᠬᠠᠬᠤ᠂ ᠰᠤᠷ ᠬᠠᠷᠪᠤᠬᠤ ᠶ᠋ᠢ ᠦᠵᠡᠬᠦ᠂ ᠮᠠᠢᠮᠠᠢ ᠱᠣᠣᠮᠠᠢ ᠳᠡᠭᠡᠷ᠎ᠡ ᠵᠥᠩᠳᠡᠭᠡᠨ ᠪᠤᠵᠢᠭᠢᠨᠠᠯᠳᠤᠵᠤ᠂ ᠣᠷᠣᠢ ᠪᠦᠷᠦᠢ ᠪᠣᠯᠣᠮᠠᠭᠴᠠ《ᠭᠠᠯᠠᠭᠤᠨ ᠬᠦᠵᠦᠭᠦᠦ》 ᠮᠤᠰᠬᠢᠵᠦ ᠭᠠᠰᠢᠭᠤᠨ ᠤᠰᠤ ᠵᠠᠯᠭᠢᠯᠠᠭᠠᠳ ᠡᠨᠳᠡ ᠨᠢᠭᠡ ᠭᠠᠯ ᠲᠡᠨᠳᠡ ᠨᠢᠭᠡ ᠪᠥᠭᠡᠮ᠂ ᠮᠠᠢᠬᠠᠨ ᠴᠠᠴᠠᠷ ᠤ᠋ᠨ ᠥᠷᠥᠭᠡ ᠳᠣᠲᠣᠷ᠎ᠠ ᠠ᠋ᠴᠠ ᠠᠷᠢᠬᠢ ᠳᠠᠷᠠᠰᠤ᠂ ᠥᠭᠡᠬᠦ ᠲᠣᠰᠣ᠂ ᠬᠡᠩᠰᠢᠭᠦᠦ ᠬᠢᠷᠪᠤᠰᠤ ᠡᠯᠳᠡᠪ ᠦᠨᠦᠷ ᠬᠠᠩᠬᠤᠯᠤᠨ᠎ᠠ᠃ ᠬᠠᠶᠠ ᠮᠣᠩᠭᠣᠯ ᠭᠡᠷ ᠦ᠋ᠨ ᠬᠠᠶᠠᠭᠠᠨ ᠳ᠋ᠤ᠌ ᠠᠷᠢᠬᠢᠨ ᠳ᠋ᠠᠭᠠᠨ ᠮᠠᠭᠤ ᠵᠠᠩ ᠲᠠᠢ ᠰᠣᠭᠲᠣᠭᠤ ᠨᠤᠭᠤᠳ ᠤ᠋ᠨ ᠳᠡᠭᠡᠷ᠎ᠡ ᠳᠣᠣᠷ᠎ᠠ ᠳᠠᠭᠤᠨ ᠳᠤᠭᠤᠯᠳᠠᠨ᠎ᠠ᠃ ᠲᠡᠭᠡᠬᠦ ᠳ᠋ᠦ᠍ ᠰᠣᠭᠲᠣᠭᠤ ᠳᠠᠸᠠᠨᠢᠮ᠎ᠠ ᠯᠠ ᠠᠷᠢᠬᠢᠨ ᠳ᠋ᠤ᠌ ᠰᠢᠯᠲᠠᠵᠤ ᠰᠦᠷᠡᠬᠡᠢ ᠬᠣᠣᠷᠲᠠᠢ ᠭᠠᠰᠢᠭᠤᠨ ᠦᠭᠡ ᠴᠠᠴᠤᠵᠤ ᠪᠠᠢᠨ᠎ᠠ᠃
      《᠁ ᠡᠬᠡ ᠶ᠋ᠢ ᠶᠣᠬᠣᠭᠰᠠᠨ ᠢ᠋᠁ ᠪᠠᠷᠠᠭᠤᠨ ᠬᠦᠩ ᠦ᠋ᠨ ᠬᠢᠨ ᠦᠷ᠎ᠡ ᠦᠨᠳᠦᠰᠦ ᠨᠢ ᠲᠠᠰᠤᠷᠠᠵᠤ ᠦᠬᠦᠭᠡᠳ ᠪᠠᠷᠠᠴᠢᠬᠠᠵᠠᠢ ᠠ᠋᠂ ᠮᠠᠭᠤ ᠬᠢᠲᠠᠳ ᠤ᠋ᠨ ᠵᠤᠯᠵᠠᠭ᠎ᠠ ᠶ᠋ᠢ ᠶᠡᠬᠡ ᠡᠷᠳᠡᠨᠢ ᠪᠣᠯᠭᠠᠵᠤ ᠣᠷᠣᠢ ᠳᠡᠭᠡᠷ᠎ᠡ ᠪᠡᠨ ᠰᠢᠲᠦᠭᠡᠳ᠁ ᠴᠢᠭᠢᠶᠡᠲᠦᠷᠦᠦ! ᠣᠳᠣᠢ ᠶ᠋ᠢᠨ ᠴᠢᠨᠡᠭᠡᠨ ᠶᠠᠭᠤᠮ᠎ᠠ ᠪᠠᠰᠠ ᠣᠷᠣᠢ ᠳᠡᠭᠡᠷ᠎ᠡ ᠪᠡᠨ ᠤᠲᠤᠭ᠎ᠠ ᠵᠢᠩᠰᠡ ᠭᠢᠯᠠᠯᠵᠠᠭᠤᠯᠤᠭᠰᠠᠨ ᠰᠦᠷᠡᠬᠡᠢ ᠶᠠᠭᠤᠮ᠎ᠠ ᠪᠣᠯᠴᠢᠬᠠᠵᠠᠢ᠃  ᠬᠡᠩ! ᠭᠣᠷᠢ ᠪᠠᠨ ᠲᠡᠳᠡ! ᠪᠢᠳᠡᠨᠦᠰ ᠴᠢᠨᠢ ᠶᠠᠭᠤ ᠬᠢᠭᠰᠡᠨ ᠬᠥᠮᠦᠨ ᠪᠣᠢ? ᠪᠠᠭ᠎ᠠ ᠬᠠᠲᠤᠨ ᠭᠡᠭᠴᠢ ᠡᠷᠭᠢᠭᠦᠳᠡᠭᠰᠡᠨ ᠲᠣᠯᠣᠭᠠᠢ! ᠸᠠᠩ ᠰᠣᠬᠣᠷ ᠤ᠋ᠨ ᠠᠷᠭᠠᠨ ᠳ᠋ᠤ᠌ ᠤᠨᠠᠭᠰᠠᠨ ᠮᠠᠭᠤ ᠥᠯᠥᠭᠴᠢᠨ ᠢ᠋᠁ ᠵᠠ᠂ ᠪᠠᠢᠵᠠ ᠳᠠ! ᠲᠡᠷᠡ ᠴᠤ᠌ ᠲᠡᠭᠦᠨ ᠦ᠌ ᠭᠠᠢ ᠪᠢᠰᠢ! ᠪᠠᠷᠠᠭᠤᠨ ᠲᠤᠰᠠᠯᠠᠭᠴᠢ ᠮᠢᠩᠭᠠᠨᠪᠣᠣ ᠶ᠋ᠢᠨ ᠰᠠᠮᠠᠭᠠᠨ ᠮᠠᠨᠣᠨᠪᠠᠳᠮ᠎ᠠ ᠶ᠋ᠢᠨ ᠤᠰᠤᠨ ᠭᠤᠯᠭᠤᠭᠤᠷ᠂ ᠲᠣᠰᠣᠨ ᠵᠦᠯᠭᠦᠭᠦᠷ ᠰᠢᠭ ᠤᠷᠠᠨ ᠬᠣᠩᠰᠢᠶᠠᠷ ᠲᠤ ᠬᠠᠭᠤᠷᠲᠠᠭᠰᠠᠨ ᠪᠠᠢᠯᠭᠦᠢ! ᠪᠠᠷᠤᠭ ᠤ᠋ᠨ ᠬᠥᠮᠦᠨ ᠦ᠌ ᠬᠡᠯᠡ ᠠᠮᠠ ᠲᠡᠭᠦᠨ ᠦ᠌ ᠴᠠᠭᠠᠲᠠᠢ ᠭᠠᠷᠴᠤ ᠴᠢᠳᠠᠬᠤ ᠦᠭᠡᠢ ᠶᠦᠮ ᠠ᠋! ᠵᠠ( ᠬᠡᠭᠡᠷ ᠮᠣᠷᠢ ᠽᠣᠤ ᠯᠢᠦ ᠮᠠ①᠂ ᠬᠡᠯᠡᠯᠴᠡᠭᠡᠳ ᠰᠠᠭᠤᠮᠠᠷ ᠮᠠᠨᠤᠨᠪᠠᠳᠮ᠎ᠠ)》 ᠭᠡᠳ ᠠᠶ᠎ᠠ ᠳᠠᠭᠤᠤ ᠬᠡᠩᠰᠢᠵᠦ ᠡᠷᠦᠢ ᠬᠤᠷᠤᠢ ᠦᠭᠡᠢ ᠶᠠᠭᠤᠮ᠎ᠠ ᠱᠠᠯᠴᠢᠷᠠᠨ ᠡᠨᠳᠡ ᠲᠡᠨᠳᠡ ᠠᠯᠬᠤᠵᠤ ᠬᠠᠮᠢᠭ᠎ᠠ ᠠᠷᠢᠬᠢ ᠤᠤᠭᠤᠭᠰᠠᠨ ᠭᠠᠵᠠᠷ ᠬᠣᠰᠢᠭᠤ ᠲᠥᠷᠥᠬᠦ ᠰᠠᠨᠠᠭ᠎ᠠ ᠲᠠᠢ ᠨᠠᠢᠭᠤᠵᠤ ᠶᠠᠪᠤᠨ᠎ᠠ᠃ 
       — ᠴᠣᠭᠪᠠᠭᠠᠲᠦᠷ ᠠ᠋! ᠠ ᠪᠢᠰᠢ᠂ ᠨᠣᠶᠠᠨ ᠭᠤᠸᠠᠢ ᠠ᠋! ᠲᠠ ᠨᠢᠭᠡ ᠬᠡᠯᠡᠭᠡᠴᠢ ᠳᠡ? ᠲᠡᠢᠮᠦ ᠤᠤ? ᠦᠭᠡᠢ ᠤᠤ? ᠮᠠᠨ ᠤ᠋ ᠪᠠᠷᠠᠭᠤᠨ ᠬᠦᠩ ᠦ᠋ᠨ ᠲᠠᠢᠵᠢ ᠢᠵᠠᠭᠤᠷᠲᠠᠳ ᠦᠬᠦᠭᠡᠳ ᠪᠠᠷᠠᠴᠢᠬᠠᠵᠠᠢ᠁ ᠭᠡᠳ ᠳᠠᠸᠠᠨᠢᠮ᠎ᠠ ᠴᠣᠭᠪᠠᠭᠠᠲᠦᠷ ᠦ᠋ᠨ ᠠᠷᠢᠬᠢᠳᠠᠵᠤ ᠪᠠᠢᠭ᠎ᠠ ᠮᠣᠩᠭᠣᠯ ᠭᠡᠷ ᠲᠦ᠍ ᠣᠷᠣᠵᠤ ᠣᠴᠢᠨ  ᠨᠣᠣᠷᠠᠯᠳᠤᠬᠤ ᠭᠡᠬᠦ ᠳ᠋ᠦ᠍᠄ 
       — ᠡᠨᠡ ᠮᠠᠭᠤ ᠶ᠋ᠢ ᠠᠪᠠᠴᠢᠵᠤ ᠢᠰᠡᠭᠡᠢ ᠳ᠋ᠦ᠍ ᠪᠣᠭᠣᠵᠤ ᠬᠠᠶᠠ! ᠴᠢᠭᠢᠶᠡᠲᠦᠷᠦᠦ᠂ ᠳᠠᠸᠠᠨᠢᠮ᠎ᠠ ᠴᠢ ᠠᠮᠠ ᠪᠠᠨ ᠣᠯᠵᠤ ᠬᠤᠴᠠᠭᠠᠷᠠᠢ! ᠭᠡᠰᠡᠨ ᠳ᠋ᠦ᠍ ᠬᠡᠳᠦᠨ ᠡᠷ᠎ᠡ ᠲᠡᠭᠦᠨ ᠢ᠋ ᠢᠰᠡᠭᠡᠢ ᠳ᠋ᠦ᠍ ᠪᠣᠭᠣᠵᠤ ᠣᠷᠬᠢᠪᠠ᠃ ᠢᠰᠡᠭᠡᠢ ᠳ᠋ᠦ᠍ ᠪᠣᠭᠣᠭᠳᠠᠭᠰᠠᠨ ᠰᠣᠭᠲᠣᠭᠤ ᠳᠠᠸᠠᠨᠢᠮ᠎ᠠ ᠪᠢᠲᠡᠭᠦᠬᠡᠨ ᠬᠠᠷᠢᠶᠠᠯ ᠲᠠᠯᠪᠢᠭᠰᠠᠭᠠᠷ ᠪᠥᠮᠪᠥᠷᠢᠨ᠎ᠡ᠁ 
       ᠬᠠᠷ᠎ᠠ ᠬᠢᠯᠭᠠᠰᠤ ᠪᠠᠷ ᠬᠡ ᠤᠭᠠᠯᠵᠠ ᠭᠠᠷᠭᠠᠭᠰᠠᠨ ᠬᠥᠯᠲᠥᠷᠭᠡ ᠲᠡᠢ ᠨᠠᠢ᠍ᠮᠠᠨ ᠬᠠᠨ᠎ᠠ ᠲᠠᠢ ᠬᠡᠭᠡᠨᠴᠢᠷ ᠮᠣᠩᠭᠣᠯ ᠭᠡᠷ ᠡᠴᠡ《ᠭᠤᠷᠪᠠᠨ ᠰᠠᠢᠬᠠᠨ ᠬᠡᠭᠡᠷ》 ᠭᠡᠬᠦ ᠤᠷᠲᠤ ᠶ᠋ᠢᠨ ᠳᠠᠭᠤᠤ ᠤᠶᠠᠩᠭᠠᠷᠠᠵᠤ ᠠᠶᠠᠲᠠᠢᠬᠠᠨ ᠰᠣᠨᠣᠰᠳᠠᠬᠤ ᠪᠠᠷ ᠨᠥᠭᠦᠭᠡ ᠬᠠᠪᠢᠷᠭ᠎ᠠ ᠶ᠋ᠢᠨ ᠭᠡᠷ ᠡᠴᠡ ᠬᠥᠯᠴᠥᠭᠦᠦ ᠡᠷᠡᠰ ᠦ᠋ᠳ ᠦ᠋ᠨ ᠬᠤᠷᠤᠭᠤ ᠵᠢᠮᠡᠯᠴᠡᠬᠦ ᠳᠠᠭᠤᠨ ᠴᠢᠩᠭᠠᠷᠠᠬᠤ ᠳ᠋ᠤ᠌ ᠠ᠋ᠴᠠ ᠴᠣᠭᠪᠠᠭᠠᠲᠦᠷ ᠦ᠋ᠨ ᠳᠠᠭᠤᠨ ᠨᠣᠶᠠᠯᠠᠵᠤ᠄
         《ᠪᠠᠷᠠᠭᠤᠨ ᠬᠣᠰᠢᠭᠤ ᠣᠪᠣᠭᠠᠨ ᠳᠡᠭᠡᠷ᠎ᠡ 
          (ᠪᠠᠶᠠᠨ ᠰᠦᠮᠪᠦᠷ ᠦ᠋ᠨ ᠡᠭᠦᠳᠡᠨ ᠳᠡᠭᠡᠷ᠎ᠡ)② 
          ᠪᠠᠶᠠᠷ ᠤ᠋ᠨ ᠨᠠᠭᠠᠳᠤᠮ ᠳᠡᠯᠭᠡᠵᠦ ᠭᠡᠨ᠎ᠡ  
          ᠪᠠᠰᠠ ᠲᠡᠭᠦᠨ ᠢ᠋ ᠳᠠᠷᠠᠭᠠᠯᠠᠭᠠᠳ  
          ᠪᠠᠭᠠᠲᠤᠷ ᠵᠠᠩᠵᠤᠨ ᠰᠢᠯᠭᠠᠷᠠᠵᠤ ᠭᠡᠨ᠎ᠡ  
          ᠳᠡᠭᠡᠭᠦᠷ ᠰᠠᠭᠠᠲᠠᠭᠰᠠᠨ ᠵᠠᠩᠵᠤᠨ ᠨᠢ  
          ᠳᠡᠪᠡᠯ ᠦ᠋ᠨ ᠲᠣᠷᠭ᠎ᠠ ᠪᠠᠷ ᠱᠠᠩᠨᠠᠭᠤᠯᠵᠤ ᠪᠠᠢᠨ᠎ᠠ  
          ᠳᠣᠣᠭᠤᠷ ᠰᠠᠭᠤᠭᠰᠠᠨ ᠠᠮᠪᠠᠰ ᠨᠢ  
          ᠳᠣᠯᠣᠭᠠᠨ ᠯᠠᠩ ᠢ᠋ᠶ᠋ᠠᠷ ᠮᠢᠯᠢᠶᠠᠯᠭᠠᠵᠤ ᠪᠠᠢᠨ᠎ᠠ ᠭᠡᠳ ᠵᠢᠮᠡᠯᠴᠡᠬᠦ③ ᠣᠷᠣᠰᠢᠯ ᠤ᠋ᠨ ᠠᠶ᠎ᠠ ᠡᠯᠭᠦᠭᠡᠳ ᠬᠣᠶᠠᠷ ᠡᠲᠡᠭᠡᠳ ᠢ᠋ᠶ᠋ᠡᠷ ᠢ᠋ᠶ᠋ᠡᠨ ᠵᠡᠷᠭᠡ ᠪᠡᠷ᠄
          ᠠ( ᠴᠣᠭᠪᠠᠭᠠᠲᠦᠷ)᠄ ᠳ᠋ᠠᠮᠪᠠᠨ ᠳᠣᠯᠣᠭ᠎ᠠ(ᠲᠠᠪᠤᠨ ᠬᠤᠷᠤᠭᠤ ᠭᠠᠷᠭᠠᠵᠤ)   
          ᠬᠡᠨ ᠬᠡᠨ ᠳ᠋ᠡᠭᠡᠨ ᠬᠣᠨᠵᠢᠭᠳᠠᠭᠰᠠᠨ ᠦᠭᠡᠢ ᠪᠣᠯᠬᠣᠷ ᠬᠣᠶᠠᠷ ᠲᠠᠯ᠎ᠠ ᠶ᠋ᠢᠨ ᠭᠠᠷᠭᠠᠭᠰᠠᠨ ᠬᠤᠷᠤᠭᠤᠨ ᠤ᠋ ᠨᠡᠢᠯᠡᠪᠦᠷᠢ ᠲᠣᠭ᠎ᠠ ᠶ᠋ᠢ ᠬᠣᠶᠠᠷ ᠲᠠᠯ᠎ᠠ ᠶ᠋ᠢᠨ ᠬᠢᠨ ᠵᠡᠷᠭᠡ ᠪᠡᠷ《ᠨᠠᠢ᠍ᠮᠠᠬᠠᠨ ᠪᠠᠢᠨ᠎ᠠ》 ᠭᠡᠵᠦ ᠡᠪᠰᠡᠨ᠎ᠡ᠃ ᠳᠠᠬᠢᠭᠠᠳ ᠪᠠᠰᠠ᠄  
        ᠠ᠄ ᠳᠡᠯᠭᠡᠭᠡᠳ ᠠᠷᠪᠠ(ᠲᠠᠪᠤᠨ ᠬᠤᠷᠤᠭᠤ)  
        ᠠ᠋᠄ ᠳᠡᠯᠭᠡᠭᠡᠳ ᠠᠷᠪᠠ(ᠭᠤᠷᠪᠠᠨ ᠬᠤᠷᠤᠭᠤ) > ᠳᠤᠮᠳᠠ ᠪᠠᠨ ᠪᠠᠢᠨ᠎ᠠ  
        ᠠ᠄ ᠳ᠋ᠠᠨᠠᠭᠠᠷ ᠵᠢᠷᠭᠤᠭ᠎ᠠ(ᠭᠤᠷᠪᠠᠨ ᠬᠤᠷᠤᠭᠤ)  
        ᠠ᠋᠄ ᠬᠣᠣᠮᠠᠢ ᠬᠣᠶᠠᠷ(ᠬᠣᠶᠠᠷ ᠬᠤᠷᠤᠭᠤ) > ᠲᠠᠪᠤᠬᠠᠨ ᠪᠠᠢᠨ᠎ᠠ  
        ᠠ᠄ ᠭᠠᠷ ᠤ᠋ᠨ ᠭᠠᠭᠴᠠ(ᠭᠠᠭᠴᠠ ᠡᠷᠡᠬᠡᠢ)  
        ᠠ᠋᠄ ᠰᠡᠢᠯᠢᠭ ᠳᠥᠷᠪᠡ(ᠬᠣᠶᠠᠷ ᠬᠤᠷᠤᠭᠤ) > ᠭᠤᠷᠪᠠᠬᠠᠨ ᠪᠠᠢᠨ᠎ᠠ 
        ᠠ᠄ ᠳᠡᠭᠡᠭᠡ ᠶᠢᠰᠦ(ᠳᠥᠷᠪᠡᠨ ᠬᠤᠷᠤᠭᠤ)  
        ᠠ᠋᠄ ᠳ᠋ᠡᠮᠪᠡᠨ ᠳᠣᠯᠣᠭ᠎ᠠ(ᠬᠣᠶᠠᠷ ᠬᠤᠷᠤᠭᠤ) > ᠵᠢᠷᠭᠤᠭᠠᠬᠠᠨ ᠪᠠᠢᠨ᠎ᠠ  
        ᠠ᠄ ᠦᠭᠡᠢ ᠪᠢᠲᠡᠭᠦᠦ(ᠬᠣᠭᠣᠰᠣᠨ ᠨᠢᠳᠤᠷᠭ᠎ᠠ)  
        ᠠ᠋᠄ ᠭᠠᠷ ᠤ᠋ᠨ ᠭᠠᠭᠴᠠ(ᠬᠣᠭᠣᠰᠣᠨ ᠨᠢᠳᠤᠷᠭ᠎ᠠ) > ᠭᠡᠬᠦ ᠳ᠋ᠦ᠍ ᠴᠣᠭᠪᠠᠭᠠᠲᠦᠷ(ᠠ) ᠰᠣᠯᠣᠭᠠᠢ ᠨᠠᠮᠵᠢᠯ(ᠠ᠋) ᠶ᠋ᠢ ᠢᠯᠠᠭᠰᠠᠨ ᠳ᠋ᠠᠭᠠᠨ《ᠦᠭᠡᠢ ᠪᠢᠲᠡᠭᠦᠦ ᠲᠠᠨ ᠳᠡᠭᠡᠷ᠎ᠡ ᠪᠠᠢᠨ᠎ᠠ!》 ᠭᠡᠵᠦ ᠱᠦᠭᠦᠭᠴᠢ ᠶ᠋ᠢᠨ ᠬᠠᠬᠢᠷ ᠳᠠᠭᠤᠨ ᠢ᠋ᠶ᠋ᠠᠷ ᠨᠥᠭᠦᠭᠡ ᠱᠦᠭᠦᠭᠳᠡᠭᠴᠢ ᠰᠣᠯᠣᠭᠠᠢ ᠨᠠᠮᠵᠢᠯ ᠢ᠋《ᠤᠤᠭᠤ᠂ ᠤᠤᠭᠤ! ᠨᠢᠭᠡ ᠡᠪᠡᠷ④ ᠤᠤᠭᠤ!》 ᠭᠡᠵᠦ ᠠᠷᠢᠬᠢ ᠪᠠᠷ ᠱᠠᠯᠠᠨ᠎ᠠ᠃
       ᠨᠠᠰᠤᠨᠴᠡᠴᠡᠭ ᠮᠠᠨᠤᠬᠤᠸᠠᠷ ᠡᠭᠡᠴᠢ ᠳᠡᠭᠦᠦ ᠬᠣᠶᠠᠷ ᠴᠤ᠌ ᠴᠣᠭᠪᠠᠭᠠᠲᠦᠷ ᠦ᠋ᠨ ᠱᠦᠭᠦᠭᠰᠡᠨ ᠳ᠋ᠦ᠍《ᠨᠠᠮᠵᠢᠯ ᠭᠤᠸᠠᠢ ᠲᠠ ᠤᠤᠭᠤᠭᠠᠴᠢ ᠳᠠ!》 ᠭᠡᠵᠦ ᠬᠣᠰᠢᠭᠤ ᠨᠡᠮᠡᠷᠢᠯᠡᠨ ᠬᠢᠳ ᠬᠢᠳ᠂ ᠬᠠᠳ ᠬᠠᠳ ᠬᠠᠳᠠᠭᠠᠨᠠᠨ᠎ᠠ᠃ ᠬᠡᠯᠡᠬᠦ ᠡᠴᠡ ᠮᠠᠨᠤᠬᠤᠸᠠᠷ ᠤ᠋ᠨ ᠨᠢᠳᠦ ᠬᠡᠰᠡᠭ ᠲᠡᠭᠡᠨ ᠲᠣᠭᠲᠠᠨ ᠰᠡᠳᠬᠢᠯ ᠣᠲᠣᠷᠯᠠᠵᠤ᠂ ᠰᠢᠷᠡᠭᠡᠨ ᠦ᠌ ᠨᠠᠢᠷ ᠤ᠋ᠨ ᠠᠯᠢᠨ ᠪᠣᠯᠭᠠᠨ ᠡᠭᠦᠰᠬᠦ ᠤᠳᠬ᠎ᠠ ᠨᠠᠮᠪᠠᠭ᠎ᠠ ᠳ᠋ᠤ᠌ ᠢᠳᠡᠪᠬᠢ ᠪᠤᠰᠤ ᠮᠥᠷᠲᠡᠭᠡᠨ ᠪᠦᠷ ᠴᠤ᠌ ᠬᠣᠢᠷᠭᠣᠰᠢᠭᠰᠠᠨ ᠢ᠋ ᠴᠣᠭᠪᠠᠭᠠᠲᠦᠷ ᠠᠵᠢᠵᠤ ᠮᠡᠳᠡᠭᠡᠳ᠄ 
       — ᠮᠠᠨᠤᠨ ᠠ᠋! ᠶᠠᠭᠠᠬᠢᠴᠢᠬᠠᠪᠠ? ᠨᠠᠭᠠᠳᠤᠮ ᠳ᠋ᠤ᠌ ᠢᠷᠡᠭᠰᠡᠨ ᠡᠴᠡ ᠬᠣᠢᠰᠢ ᠨᠢᠭᠡ ᠯᠡ ᠣᠨᠳᠣᠣ ᠪᠣᠯᠴᠢᠬᠠᠳᠠᠭ ᠴᠢᠨᠢ? ᠬᠠᠢᠷ᠎ᠠ ᠶ᠋ᠢ ᠴᠢᠨᠢ ᠭᠡᠵᠢᠭᠡᠯᠡᠭᠰᠡᠨ ᠡᠷ᠎ᠡ ᠬᠥᠮᠦᠨ ᠬᠠᠷᠠᠭᠳᠠᠭ᠎ᠠ ᠤᠤ ᠴᠢᠮ᠎ᠠ ᠳ᠋ᠤ᠌? ᠭᠡᠪᠡᠯ 
       — ᠠ! ᠠ᠁ ᠦᠭᠡᠢ ᠰᠢᠦ! ᠭᠡᠵᠦ ᠪᠠᠯᠠᠳᠠᠨ ᠴᠣᠭᠪᠠᠭᠠᠲᠦᠷ ᠢ᠋ ᠠᠯᠪᠠ ᠪᠠᠷ ᠨᠠᠯᠠᠨ᠎ᠠ᠃ ᠴᠠᠭᠠᠳᠤ ᠡᠳᠦᠷ ᠦ᠋ᠨ ᠪᠤᠬ᠎ᠠ ᠨᠣᠮᠣᠬᠠᠳᠬᠠᠭᠰᠠᠨ ᠪᠠ ᠪᠥᠬᠡ ᠶ᠋ᠢᠨ ᠰᠣᠷᠢᠶᠠᠨ ᠳ᠋ᠤ᠌ ᠲᠦᠷᠦᠭᠦᠦ ᠨᠠᠢ᠍ᠮᠠ ᠳ᠋ᠤ᠌ ᠣᠷᠣᠭᠰᠠᠨ ᠨᠠᠰᠤ ᠬᠤᠷᠠᠭ ᠤ᠋ᠨ ᠪᠣᠷᠣ ᠬᠦᠦ ᠶ᠋ᠢ ᠬᠠᠷᠠᠭᠠᠳ ᠬᠠᠢᠷᠠᠯᠠᠬᠤ ᠰᠡᠳᠬᠢᠯ ᠲᠥᠷᠥᠭᠳᠡᠵᠦ《ᠡᠨᠡ ᠬᠦ᠌ ᠴᠡᠪᠡᠷ ᠴᠤᠯᠭᠤᠢ ᠬᠦᠦ ᠳ᠋ᠦ᠍ ᠬᠠᠢᠷᠠᠯᠠᠭᠳᠠᠵᠤ ᠶᠠᠪᠤᠬᠤ ᠰᠢᠭ᠋ ᠵᠢᠷᠭᠠᠯ ᠥᠭᠡᠷ᠎ᠡ ᠪᠠᠢᠬᠤ ᠦᠭᠡᠢ》 ᠭᠡᠵᠦ ᠰᠠᠨᠠᠭᠳᠠᠬᠤ ᠶ᠋ᠢ ᠶᠠᠭᠠᠬᠢᠨ᠎ᠠ⁈ ᠪᠣᠯᠳᠠᠭ ᠰᠠᠨ ᠪᠣᠯ ᠲᠡᠷᠡ ᠪᠣᠷᠣ ᠬᠦᠦ ᠶ᠋ᠢ ᠬᠠᠷᠠᠭᠠᠳ ᠪᠠᠢᠮᠠᠷ ᠴᠤ᠌ ᠰᠢᠭ᠋ ᠲᠡᠭᠦᠨ ᠦ᠌ ᠬᠥᠯᠥᠰᠥ ᠳᠠᠭᠠᠭᠠᠪᠤᠷᠢᠯᠠᠭᠰᠠᠨ ᠭᠡᠵᠢᠭᠡᠨ ᠦ᠌ ᠬᠢᠨᠢ ᠵᠤᠩᠭᠠᠭ ᠢ᠋ ᠴᠦ᠍ ᠥᠬᠥᠭᠡᠷᠳᠡᠨ ᠪᠠᠢᠮᠠᠷ ᠪᠣᠳᠣᠭᠳᠠᠨ᠎ᠠ᠃ ᠶᠠᠷᠢᠶᠠᠨ ᠦᠭᠡᠢ ᠴᠣᠭᠪᠠᠭᠠᠲᠦᠷ ᠲᠦ᠍ ᠲᠣᠨᠢᠷᠬᠠᠵᠤ ᠲᠠᠩᠳᠠ ᠡᠭᠡᠴᠢ ᠳ᠋ᠦ᠍ᠨᠢ ᠬᠠᠢᠷ᠎ᠠ ᠶᠡᠭᠦᠯᠡᠭᠡᠳ ᠲᠡᠭᠦᠨ ᠢ᠋ ᠬᠠᠰᠢᠷᠠᠭᠠᠳᠠᠭ ᠲᠤᠨᠢ ᠦᠨᠡᠷᠬᠡᠭᠰᠡᠨ ᠤᠳᠬ᠎ᠠ ᠴᠤ᠌ ᠪᠣᠢ᠃ ᠡᠭᠡᠴᠢ ᠥᠬᠢᠨ ᠳᠡᠭᠦᠦ ᠬᠣᠶᠠᠭᠤᠯᠠ ᠪᠠᠨ ᠨᠢᠭᠡ ᠮᠣᠳᠣᠨ ᠠ᠋ᠴᠠ ᠳᠡᠭᠦᠵᠢᠯᠡᠯᠲᠡᠢ ᠪᠢᠰᠢ᠃ ᠲᠡᠷᠡᠴᠢᠯᠡᠨ ᠴᠣᠭᠪᠠᠭᠠᠲᠦᠷ ᠠᠪᠠᠯᠢ ᠡᠬᠡᠨᠡᠷ ᠲᠡᠢ ᠳ᠋ᠡᠭᠡᠨ ᠡᠷᠬᠡ ᠰᠦᠷ ᠦ᠋ᠨ ᠬᠦᠴᠦ ᠪᠡᠷ ᠰᠤᠯᠠ ᠡᠮᠡᠰ ᠥᠬᠢᠳ ᠢ᠋ ᠱᠠᠯᠢᠨ ᠡᠵᠡᠷᠬᠡᠵᠦ ᠶᠠᠪᠤᠭ᠎ᠠ ᠭᠡᠰᠡᠨ ᠢ᠋ ᠮᠠᠨᠤᠬᠤᠸᠠᠷ ᠠᠯᠢ ᠤᠵᠠᠭᠤᠷ ᠤ᠋ᠨ ᠦᠭᠡᠢ ᠮᠡᠳᠡᠭᠰᠡᠨ ᠶᠦᠮ᠃ ᠦᠨᠡᠬᠡᠷ ᠲᠠᠲᠠᠪᠤᠷᠢ ᠡᠮ᠎ᠡ ᠶ᠋ᠢᠨ ᠣᠷᠣᠨ ᠳ᠋ᠤ᠌ ᠶᠠᠪᠤᠪᠠᠴᠤ ᠥᠪᠡᠷ ᠦ᠋ᠨ ᠬᠢᠨᠢ ᠪᠡᠶ᠎ᠡ ᠳᠡᠭᠡᠷ᠎ᠡ ᠣᠨᠣᠭᠳᠠᠬᠤ ᠦᠭᠡᠢ ᠬᠠᠶᠠᠭᠳᠠᠬᠤ ᠨᠢ ᠭᠠᠷᠴᠠᠭ᠎ᠠ ᠦᠭᠡᠢ᠃ ᠵᠥᠪᠬᠡᠨ ᠪᠣᠭᠲᠣᠯᠠᠬᠤ ᠠ᠋ᠴᠠ ᠡᠮᠦᠨ᠎ᠡ ᠴᠠᠭ ᠵᠠᠭᠤᠷ᠎ᠠ ᠶ᠋ᠢᠨ ᠬᠠᠨᠤᠭ᠎ᠠ ᠲᠠᠢᠯᠬᠤ ᠳ᠋ᠤ᠌ ᠰᠡᠳᠬᠢᠯ ᠦ᠋ᠨ ᠵᠤᠭ᠎ᠠ ᠪᠣᠯᠵᠤ ᠦᠷᠡᠭᠳᠡᠭᠰᠡᠨ ᠲᠣᠭᠯᠠᠭᠠᠮ ᠲᠡᠳᠦᠢ ᠡᠴᠡ ᠳᠤᠲᠠᠭᠤᠳᠠᠬᠤ ᠶᠠᠭᠤᠮ᠎ᠠ ᠦᠭᠡᠢ᠃ ᠠᠷᠭ᠎ᠠ ᠴᠤ᠌ ᠦᠭᠡᠢ ᠡᠪᠦᠭᠡ ᠡᠴᠢᠭᠡ᠂ ᠡᠬᠡ ᠶ᠋ᠢᠨ ᠳᠤᠷ᠎ᠠ ᠰᠣᠨᠢᠷᠬᠠᠯ ᠳ᠋ᠤ᠌ ᠵᠣᠬᠢᠴᠠᠭᠤᠯᠬᠤ ᠶ᠋ᠢ ᠰᠠᠨᠠᠵᠤ ᠴᠣᠭᠪᠠᠭᠠᠲᠦᠷ ᠦ᠋ᠨ ᠰᠠᠢᠨ ᠳᠤᠷ᠎ᠠ ᠶ᠋ᠢᠨ ᠱᠠᠯᠢᠶ᠎ᠠ ᠪᠣᠯᠵᠤ ᠶᠠᠪᠤᠭ᠎ᠠ ᠨᠢ ᠡᠨᠡ᠃ ᠲᠡᠷᠡ ᠴᠠᠭ ᠦᠶ᠎ᠡ ᠶ᠋ᠢᠨ ᠪᠣᠭᠣᠮ᠎ᠠ ᠳ᠋ᠤ᠌ ᠲᠡᠭᠦᠨ ᠦ᠌ ᠠᠷᠭᠠᠨ ᠳ᠋ᠤ᠌ ᠠᠷᠭᠠᠮᠵᠢᠭᠳᠠᠭᠰᠠᠨ ᠪᠠᠢᠳᠠᠰᠤ ᠰᠢᠭ᠋ ᠢᠵᠢᠯᠢ ᠰᠦᠷᠦᠭ ᠲᠡᠭᠡᠨ ᠢᠵᠢᠯᠢᠰᠢᠨ ᠬᠣᠯᠠᠳᠴᠤ ᠴᠤ᠌ ᠳᠡᠢᠯᠬᠦ ᠦᠭᠡᠢ᠂ ᠥᠪᠡᠷ ᠦ᠋ᠨ ᠬᠢᠨᠢ ᠪᠡᠶ᠎ᠡ ᠳ᠋ᠦ᠍ ᠠᠮᠠᠷᠠᠭᠯᠠᠨ ᠣᠢᠷᠠᠳᠵᠤ ᠴᠤ᠌ ᠴᠢᠳᠠᠬᠤ ᠦᠭᠡᠢ ᠪᠠᠷᠠᠳᠠᠳᠠᠭ ᠬᠣᠢᠨ᠎ᠠ ᠳᠠ! 
       — ᠵᠠ ᠬᠦ᠂ ᠮᠢᠨᠦ ᠮᠠᠨᠤᠨ ᠨᠢᠭᠡ ᠳᠠᠭᠤᠯᠠᠭᠠᠴᠢ ᠳᠠ! ᠰᠠᠢᠬᠠᠨ ᠳᠠᠭᠤᠯᠠᠨ᠎ᠠ ᠰᠢᠦ! ᠭᠡᠬᠦ ᠳ᠋ᠦ᠍ ᠮᠠᠨᠤᠬᠤᠸᠠᠷ ᠪᠢᠰᠢᠭᠦᠷᠬᠡᠨ ᠴᠢᠷᠠᠢ ᠨᠢ ᠤᠯᠠᠢᠨ᠂ ᠳᠤᠷ᠎ᠠ ᠦᠭᠡᠢ ᠪᠣᠯᠪᠠᠴᠤ ᠳᠠᠭᠤᠯᠠᠬᠤ ᠶᠤᠮ ᠪᠣᠯᠪᠠ᠃ ᠡᠨᠡ ᠡᠷ᠎ᠡ ᠶ᠋ᠢᠨ ᠰᠠᠨᠠᠭ᠎ᠠ ᠪᠠᠷ ᠶᠠᠪᠤᠬᠤ ᠦᠭᠡᠢ ᠪᠣᠯ ᠬᠦᠯᠴᠦᠭᠦᠷᠡᠮᠡᠭ ᠲᠡᠭᠡᠨ ᠰᠢᠯᠲᠠᠵᠤ ᠠᠬᠤᠷ ᠫᠤᠤ ᠪᠠᠨ ᠰᠤᠭᠤᠯᠬᠤ ᠳ᠋ᠤ᠌ ᠴᠤ᠌ ᠪᠡᠯᠡᠬᠡᠨ ᠪᠠᠢᠳᠠᠭ ᠵᠠᠩ ᠢ᠋ ᠰᠠᠢᠨ ᠮᠡᠳᠡᠳᠡᠭ ᠦ᠋ᠨ ᠬᠤᠪᠢ ᠳ᠋ᠤ᠌ ᠮᠠᠨᠤᠬᠤᠸᠠᠷ ᠠᠶ᠎ᠠ ᠡᠯᠭᠦᠨ᠄  
          ᠠᠭᠠᠷᠤ ᠨᠢ ᠬᠠᠮᠢᠭ᠎ᠠ ᠪᠠᠨ ᠪᠠᠢᠪᠠᠯ  
          ᠠᠷᠴᠠ ᠨᠢ ᠲᠡᠭᠦᠨ ᠳᠡᠭᠡᠷ᠎ᠡ ᠪᠡᠨ  
          ᠠᠮᠠᠷᠠᠭ ᠨᠢ ᠬᠠᠮᠢᠭ᠎ᠠ ᠪᠠᠨ ᠪᠠᠢᠪᠠᠯ  
          ᠰᠡᠳᠬᠢᠯ ᠨᠢ ᠲᠡᠭᠦᠨ ᠳᠡᠭᠡᠷ᠎ᠡ ᠪᠡᠨ  
          ᠬᠠᠳᠠ ᠨᠢ ᠬᠠᠮᠢᠭ᠎ᠠ ᠪᠠᠨ ᠪᠠᠢᠪᠠᠯ   
          ᠬᠠᠢᠯᠠᠰᠤ ᠨᠢ ᠲᠡᠭᠦᠨ ᠳᠡᠭᠡᠷ᠎ᠡ ᠪᠡᠨ  
          ᠬᠠᠢᠷᠠᠲᠤ ᠨᠢ ᠬᠠᠮᠢᠭ᠎ᠠ ᠪᠠᠨ ᠪᠠᠢᠪᠠᠯ  
          ᠬᠠᠢᠷ᠎ᠠ ᠨᠢ ᠲᠡᠭᠦᠨ ᠳᠡᠭᠡᠷ᠎ᠡ ᠪᠡᠨ ᠁  
          ᠳᠡᠭᠡᠭᠦᠷ ᠢ᠋ᠶ᠋ᠡᠨ ᠬᠠᠯᠢᠭᠠᠳ ᠨᠢᠰᠬᠦ  
          ᠵᠢᠭᠦᠷ ᠲᠡᠢ ᠴᠤ᠌ ᠪᠣᠯᠤᠶ᠎ᠠ ᠳᠠ  
          ᠳᠡᠷᠭᠡᠳᠡ ᠴᠢᠨᠢ ᠰᠠᠭᠤᠭᠠᠳ ᠪᠠᠢᠬᠤ  
          ᠢᠷᠦᠭᠡᠯ ᠲᠡᠢ ᠴᠤ᠌ ᠪᠣᠯᠤᠶ᠎ᠠ ᠳᠠ ᠭᠡᠵᠦ ᠤᠶᠠᠬᠠᠨ ᠠᠪᠢᠶᠠᠰᠯᠢᠭ ᠳᠠᠭᠤᠯᠠᠬᠤ ᠨᠢ ᠪᠦᠭᠦᠳᠡ ᠶ᠋ᠢᠨ ᠰᠡᠳᠬᠢᠯ ᠳ᠋ᠦ᠍ ᠲᠠᠭᠠᠯᠠᠭᠳᠠᠵᠤ ᠪᠠᠢᠯ᠎ᠠ᠃  
       ᠳᠠᠬᠢᠭᠠᠳ ᠨᠢᠭᠡ ᠨᠢ《ᠪᠣᠷᠣᠩ ᠬᠠᠨ ᠤ᠋ ᠪᠤᠷᠭᠠᠰᠤ》 ᠶ᠋ᠢ ᠰᠢᠷᠤᠩᠬᠠᠢᠯᠠᠨ ᠡᠯᠭᠦᠵᠦ ᠠᠪᠤᠯ᠎ᠠ᠃  
       ᠨᠠᠩᠴᠢᠳ ᠲᠤ ᠬᠥᠯᠴᠥᠭᠦᠷᠡᠭᠰᠡᠨ ᠬᠥᠮᠦᠰ ᠦ᠋ᠨ ᠨᠢᠭᠡ ᠨᠢ ᠳᠠᠭᠤᠤ ᠡᠬᠢᠯᠡᠭᠦᠯᠪᠡᠯ ᠵᠠᠬᠠᠯᠠᠭᠤᠯᠤᠭᠠᠳ ᠠᠶ᠎ᠠ ᠲᠦᠷᠡᠵᠦ ᠪᠠᠢᠨ᠎ᠠ᠃ 


              ᠦᠰᠦᠭ ᠠᠮᠢᠯᠠᠭᠤᠯᠤᠭᠰᠠᠨ ᠨᠢ᠄ ᠲᠡᠭᠷᠢ ᠡᠵᠢ