ᠲᠦᠲᠦᠭᠡᠷ ᠪᠣᠲᠢ – ᠨᠢᠭᠡᠳᠦᠭᠡᠷ ᠪᠦᠯᠦᠭ <ᠵᠢᠷᠭᠤᠭᠠ>
ᠭᠬᠢᠪ ᠳᠤᠷᠳᠤᠩ ᠰᠣᠯᠣᠩᠭᠠᠷᠠᠭᠰᠠᠨ ᠴᠡᠮᠴᠡᠭᠡᠷ ᠣᠷᠣᠢ ᠲᠠᠢ ᠴᠠᠴᠠᠷ ᠮᠠᠢᠬᠠᠨ᠂ ᠮᠣᠩᠭᠣᠯ ᠭᠡᠷ ᠦᠳ ᠬᠣᠰᠢᠭᠤ ᠣᠪᠣᠭᠠᠨ ᠤ᠋ ᠬᠣᠢᠲᠤ ᠵᠣ ᠪᠠᠷ ᠡᠮᠬᠢᠲᠡᠢ ᠵᠢᠭᠳᠡᠷᠠᠵᠤ ᠬᠠᠷᠠᠭᠳᠠᠨᠠ᠃ ᠴᠢᠳᠥᠷ ᠲᠡᠢ᠂ ᠴᠣᠮᠣᠭᠠ ᠲᠠᠢ᠂ ᠠᠷᠭᠠᠮᠵᠢᠶᠠ ᠲᠠᠢ ᠤᠨᠤᠭᠠᠷᠢ ᠶ᠋ᠢᠨ ᠮᠣᠷᠢᠳ ᠬᠠ ᠶᠠ ᠦᠭᠡᠢ ᠳᠣᠷᠭᠢᠵᠤ᠂ ᠵᠡᠯᠡ ᠳᠡᠭᠡᠷᠡ ᠤᠶᠠᠭᠠᠲᠠᠢ ᠮᠣᠷᠢᠳ ᠲᠣᠯᠣᠭᠠᠢ ᠪᠠᠷ ᠢ᠋ᠶ᠋ᠠᠨ ᠨᠠᠭᠠᠳᠬᠤ ᠨᠢ ᠮᠣᠩᠭᠣᠯ ᠨᠤᠲᠤᠭ ᠤ᠋ᠨ ᠴᠢᠮᠡᠭ ᠠᠵᠤᠭᠤ᠃
ᠮᠠᠩᠨᠤᠭ ᠨᠣᠮᠢᠨ ᠲᠠᠯᠠ ᠶ᠋ᠢᠨ ᠳᠡᠨᠵᠢᠨ ᠳ᠋ᠡᠬᠢ ᠶᠠᠩᠵᠤ ᠪᠦᠷᠢ ᠶ᠋ᠢᠨ ᠴᠡᠴᠡᠭ ᠦ᠋ᠨ ᠥᠩᠭᠡ ᠲᠡᠢ ᠮᠥᠴᠡᠭᠡᠷᠬᠡᠭᠰᠡᠨ ᠭᠡᠮᠡᠷ ᠨᠣᠭᠣᠭᠠᠨ᠂ ᠤᠯᠠᠭᠠᠨ᠂ ᠬᠥᠬᠡ᠂ ᠴᠡᠩᠬᠡᠷ᠂ ᠬᠦᠷᠡᠩ᠂ ᠪᠣᠷᠣ ᠁ ᠡᠯᠳᠡᠪ ᠥᠩᠭᠡ ᠶ᠋ᠢᠨ ᠬᠣᠷᠭᠣᠢ ᠲᠣᠷᠭᠠ ᠶ᠋ᠢᠨ ᠵᠠᠰᠠᠯ ᠤ᠋ᠨ ᠬᠤᠪᠴᠠᠰᠤ ᠲᠠᠢ ᠬᠥᠮᠦᠰ ᠴᠢᠷᠠᠢ ᠳ᠋ᠠᠭᠠᠨ ᠪᠠᠶᠠᠰᠤᠯ ᠮᠦᠰᠢᠶᠡᠯ ᠦ᠋ᠨ ᠭᠢᠯᠪᠠᠭᠠ ᠰᠠᠴᠤᠷᠠᠭᠤᠯᠤᠭᠰᠠᠭᠠᠷ ᠨᠠᠭᠠᠰᠢ ᠴᠠᠭᠠᠰᠢ ᠵᠣᠷᠴᠢᠨ ᠰᠦᠯᠵᠢᠯᠳᠦᠨᠡ᠃ ᠬᠣᠯᠠ ᠠ᠋ᠴᠠ ᠬᠠᠷᠠᠬᠤ ᠳ᠋ᠤ᠌ ᠮᠠᠩᠨᠤᠭᠲᠤ ᠵᠦᠯᠭᠡᠨ ᠳᠡᠭᠡᠷᠡ ᠥᠩᠭᠡ ᠶ᠋ᠢᠨ ᠴᠡᠴᠡᠭ ᠳᠠᠪᠠᠯᠭᠠ ᠬᠠᠶᠠᠯᠠᠵᠤ ᠠᠯᠠᠭ ᠡᠷᠢᠶᠡᠨ ᠡᠷᠪᠡᠬᠡᠢ ᠡᠷᠭᠢᠯᠳᠦᠭᠰᠡᠨ ᠮᠡᠲᠦ ᠡᠲᠡᠭᠡᠳ ᠭᠤᠶᠤᠬᠠᠨ᠃
ᠰᠢᠷᠠᠭᠴᠢᠨ ᠦᠭᠡᠷ ᠵᠢᠯ ᠤᠨ ᠪᠢᠯᠢᠭ ᠤᠨ ᠳᠣᠯᠣᠭᠠᠨ ᠰᠠᠷᠠ ᠶᠢᠨ ᠰᠢᠨᠡ ᠶᠢᠨ ᠬᠣᠶᠠᠷ ᠲᠤ ᠠᠯᠲᠠᠨᠸᠠᠴᠢᠷ ᠪᠠᠭᠠ ᠵᠠᠰᠠᠭ ᠤᠷᠠᠳ ᠤᠨ ᠪᠠᠷᠠᠭᠤᠨ ᠭᠥᠩ ᠦᠨ ᠵᠠᠰᠠᠭ ᠭᠥᠩ ᠨᠣᠶᠠᠨ ᠤ ᠰᠢᠷᠡᠭᠡᠨ ᠳᠦ ᠵᠠᠯᠠᠷᠠᠬᠤ ᠣᠪᠣᠭᠠᠨ ᠤ ᠨᠠᠢᠷ ᠴᠢᠭᠤᠯᠤᠭᠰᠠᠨ ᠳᠤ ᠳᠥᠷᠪᠡᠨ ᠵᠦᠭ ᠦᠨ ᠶᠢᠰᠦᠨ ᠰᠢᠳᠢ ᠶᠢᠨ ᠠᠮᠢᠲᠠᠨ ᠡᠨᠳᠡ ᠬᠤᠷᠠᠨ ᠴᠤᠭᠯᠠᠷᠠᠵᠤ ᠨᠠᠢᠷ ᠨᠠᠭᠠᠳᠤᠮ ᠪᠣᠯᠵᠤ ᠪᠠᠢᠭᠠ ᠨᠢ ᠡᠨᠡ᠃
ᠤᠷᠠᠳ ᠤᠨ ᠭᠤᠷᠪᠠᠨ ᠬᠦᠩ ᠦ᠋ᠨ ᠬᠣᠰᠢᠭᠤ ᠬᠦᠩ ᠲᠦᠷᠦᠭᠦᠳᠡᠳ᠂ ᠬᠠᠩᠭᠢᠨ᠂ ᠳᠠᠯᠠᠳ᠂ ᠵᠦᠩᠭᠠᠷ᠂ ᠠᠯᠠᠱᠠᠨ᠂ ᠳᠥᠷᠪᠡᠳ᠂ ᠮᠤᠤᠮᠢᠩᠭᠠᠨ᠂ ᠳᠠᠷᠬᠠᠨ ᠪᠡᠢᠯᠡ ᠵᠡᠷᠭᠡ ᠬᠦᠷᠰᠢ ᠵᠡᠷᠭᠡᠯᠡᠳᠡᠭᠡ ᠬᠣᠰᠢᠭᠤᠳ ᠤ᠋ᠨ ᠬᠦᠩ ᠨᠣᠶᠠᠳ ᠵᠢᠭᠰᠡᠲᠠᠳ ᠰᠦᠯᠳᠡ ᠳᠡᠭᠡᠪᠦᠷ ᠲᠡᠢ ᠭᠣᠣᠯ ᠲᠠᠭᠲᠤᠨ ᠳ᠋ᠤ᠌ ᠵᠠᠯᠠᠷᠠᠵᠤ᠂ ᠴᠡᠬᠡ ᠪᠠᠯᠭᠤᠨ ᠰᠠᠷᠬᠤᠳ ᠲᠠᠮᠰᠢᠶᠠᠯᠠᠨ ᠶᠠᠮᠪᠠᠷᠠᠬᠠᠭᠰᠠᠨ ᠢ᠋ ᠡᠭᠡᠯ ᠬᠠᠷᠠᠴᠤᠳ ᠬᠠᠷᠠᠭᠠᠳ ᠪᠠᠬᠠᠷᠬᠠᠬᠤ ᠰᠡᠳᠬᠢᠯ ᠲᠥᠷᠥᠨᠡ᠃
ᠨᠠᠢᠷ ᠤ᠋ᠨ ᠭᠣᠣᠯ ᠲᠠᠭᠲᠤ ᠶ᠋ᠢᠨ ᠵᠡᠭᠦᠨ ᠪᠠᠷᠠᠭᠤᠨ ᠬᠣᠶᠠᠷ ᠲᠠᠯᠠ ᠪᠠᠷ ᠵᠢᠭᠦᠷᠯᠡᠭᠰᠡᠨ ᠮᠣᠩᠭᠣᠯ ᠭᠡᠷ ᠦ᠋ᠨ ᠠᠷᠤ ᠪᠠᠷ ᠶᠠᠪᠠᠭᠠᠨ ᠭᠤᠳᠤᠮᠵᠢ ᠭᠠᠷᠴᠤ ᠡᠯᠳᠡᠪ ᠡᠰᠡ ᠶ᠋ᠢᠨ ᠮᠠᠢᠮᠠᠢ ᠫᠦᠰᠡ ᠳᠡᠯᠭᠡᠭᠳᠡᠵᠦ ᠬᠥᠮᠦᠨ ᠠᠮᠢᠲᠠᠨ ᠤ᠋ ᠨᠢᠳᠦ ᠶ᠋ᠢ ᠬᠤᠵᠢᠷᠯᠠᠨᠠ᠃ ᠮᠠᠲᠠᠩ ᠶᠣᠣᠲᠠᠩ᠂ ᠮᠥᠰᠥᠨ ᠰᠢᠬᠢᠷ᠂ ᠵᠠᠭᠠᠷ ᠴᠢᠪᠠᠭᠠ᠂ ᠨᠠᠷᠢᠨ ᠪᠣᠭᠣᠷᠰᠣᠭ ᠤ᠋ᠨ ᠮᠠᠢᠮᠠᠢ ᠳᠡᠯᠭᠡᠭᠦᠷ ᠲᠦ᠍ ᠬᠡᠣᠬᠡᠳ ᠬᠥᠭᠰᠢᠳ ᠰᠢᠪᠠᠯᠳᠤᠭᠰᠠᠨ ᠪᠠᠢᠳᠠᠭ ᠪᠣᠯ ᠬᠥᠬᠡᠨᠠᠭᠤᠷ ᠲᠠᠩᠭᠤᠳ ᠪᠠᠷᠠᠭᠤᠨ ᠭᠠᠵᠠᠷ ᠠ᠋ᠴᠠ ᠢᠷᠡᠭᠰᠡᠨ ᠤᠭᠶᠤ ᠱ᠌ᠢᠷᠦ᠂ ᠰᠤᠪᠤᠳ ᠲᠠᠨᠠ᠂ ᠮᠥᠩᠭᠥᠨ ᠡᠳ᠋ᠯᠠᠯ ᠳᠡᠭᠡᠷᠡ ᠪᠠᠶᠠᠳ ᠨᠣᠶᠠᠳ᠂ ᠥᠬᠢᠳ ᠪᠡᠷᠢᠶᠡᠳ ᠦ᠋ᠨ ᠢᠨᠢᠶᠡᠳᠦ ᠴᠠᠯᠭᠢᠨᠠ᠃ ᠬᠥᠮᠦᠰ ᠵᠢᠯ ᠴᠠᠭᠠᠨ ᠰᠠᠷᠠ᠂ ᠨᠠᠢᠷ ᠨᠠᠭᠠᠳᠤᠮ᠂ ᠬᠤᠷᠠᠯ ᠴᠤᠭᠯᠠᠭᠠ ᠪᠦᠷᠢ ᠳ᠋ᠡᠭᠡᠨ ᠥᠩᠭᠡᠲᠡᠢ ᠪᠡᠨ ᠡᠮᠦᠰᠴᠦ ᠦᠨᠡᠲᠡᠢ ᠪᠡᠨ ᠡᠳ᠋ᠯᠡᠳᠡᠭ ᠨᠢ ᠬᠡᠵᠢᠶᠡ ᠶᠠᠵᠢᠶᠡᠨ ᠦ᠌ ᠶᠣᠰᠣ ᠲᠤᠯᠠ ᠢᠩᠭᠢᠬᠦ ᠪᠣᠯᠭᠠᠨ ᠳ᠋ᠠᠭᠠᠨ ᠳᠡᠭᠡᠭᠦᠷ ᠨᠡᠷᠡ ᠲᠡᠮᠡᠴᠡᠨ ᠳᠣᠣᠭᠤᠷ ᠠᠮᠢ ᠲᠡᠮᠡᠴᠡᠵᠦ ᠪᠠᠢᠵᠤ᠂ ᠠᠯᠢᠪᠠ ᠪᠠᠨ ᠲᠡᠮᠲᠡᠷᠢᠨ᠂ ᠡᠮᠦᠰᠴᠦ ᠵᠡᠭᠦᠨ᠂ ᠪᠡᠶᠡ ᠪᠡᠶᠡ ᠳ᠋ᠡᠭᠡᠨ ᠭᠠᠢᠬᠠᠭᠤᠯᠤᠨ᠂ ᠪᠠᠶᠠᠨ ᠡᠷᠬᠢᠮ ᠢ᠋ᠶ᠋ᠡᠨ ᠮᠥᠴᠡᠭᠡᠷᠬᠡᠨᠡ᠃
ᠨᠠᠰᠤᠨᠴᠠᠴᠠᠭ᠌᠂ ᠮᠠᠨᠤᠬᠤᠸᠠᠷ ᠡᠭᠡᠴᠢ ᠳᠡᠭᠦᠦ ᠬᠣᠶᠠᠷ ᠨᠣᠭᠣᠭᠠᠨ ᠶᠠᠭᠠᠨ ᠲᠡᠷᠯᠢᠭ ᠳᠡᠭᠡᠷᠡ ᠪᠡᠨ ᠬᠠᠷᠠ ᠬᠠᠨᠵᠢᠶᠠᠷ ᠲᠠᠭᠠᠷᠠᠭᠤᠯᠤᠨ ᠡᠮᠦᠰᠴᠡᠢ᠃ ᠮᠠᠨᠤᠬᠤᠸᠠᠷ ᠰᠢᠪᠠᠭᠤᠨ ᠬᠥᠯ ᠲᠡᠢ ᠱᠢᠷᠤᠨ ᠲᠣᠣᠷ ᠵᠡᠭᠦᠵᠦ᠂ ᠴᠢᠬᠢᠨ ᠳ᠋ᠡᠭᠡᠨ ᠭᠤᠷᠪᠠᠨ ᠨᠡᠪᠰᠡᠠᠯᠭᠠ ᠲᠠᠢ ᠠᠯᠲᠠᠨ ᠡᠷᠪᠡᠬᠡᠢ ᠪᠠᠳᠮᠠᠨ ᠡᠭᠡᠮᠦᠭ ᠤᠨᠵᠢᠭᠢᠨᠠᠭᠤᠯᠤᠭᠰᠠᠨ ᠨᠢ ᠣᠯᠠᠨ ᠠ᠋ᠴᠠ ᠣᠨᠴᠠᠭᠠᠢᠷᠠᠵᠤ ᠤᠷᠠᠳ ᠪᠦᠰᠡᠭᠦᠢ ᠬᠡᠣᠬᠡᠨᠴᠤᠤᠯ ᠤ᠋ᠨ ᠭᠤᠸᠠ ᠬᠡᠭᠡᠨᠴᠢᠷ ᠢ᠋ ᠭᠠᠢᠬᠠᠭᠤᠯᠤᠨᠠ᠃ ᠴᠡᠴᠡᠭ ᠨᠠᠪᠴᠢ ᠶ᠋ᠢ ᠣᠷᠣᠯᠠᠮᠠ ᠭᠠᠩᠭᠠᠩ ᠲᠦᠷᠥᠭᠰᠡᠨ ᠡᠨᠡ ᠡᠭᠡᠴᠢ ᠳᠡᠭᠦᠦ ᠬᠣᠶᠠᠷ ᠱ᠌ᠢᠷᠦ ᠰᠤᠪᠤᠳ ᠤ᠋ᠨ ᠮᠠᠢᠮᠠᠢ ᠳᠡᠭᠡᠷᠡ ᠡᠴᠡ ᠢᠨᠢᠶᠡᠲᠤ ᠱᠠᠭᠢᠭᠤᠯᠤᠭᠰᠠᠭᠠᠷ ᠭᠣᠣᠯ ᠲᠠᠭᠲᠤ ᠶ᠋ᠢᠨ ᠰᠠᠭᠤᠳᠠᠯ ᠤᠷᠤᠭᠤ ᠨᠢᠳᠦ ᠬᠠᠶᠠᠯᠠᠨ ᠶᠠᠪᠤᠵᠤ ᠬᠣᠰᠢᠭᠤ ᠣᠪᠣᠭᠠᠨ ᠤ᠋ ᠲᠠᠬᠢᠯᠭᠠ ᠶ᠋ᠢᠨ ᠬᠥᠮᠦᠰ ᠦ᠋ᠨ ᠳᠠᠯᠠᠢ ᠳ᠋ᠤ᠌ ᠵᠢᠪᠪᠡ᠃ ᠭᠣᠣᠯ ᠲᠠᠭᠲᠤ ᠶ᠋ᠢᠨ ᠳᠡᠳ᠋ ᠪᠠᠢᠷᠢ ᠶ᠋ᠢᠨ ᠠᠷᠤ ᠰᠠᠭᠤᠳᠠᠯ ᠳ᠋ᠤ᠌ ᠰᠠᠭᠠᠲᠠᠭᠰᠠᠨ ᠴᠤᠭᠪᠠᠭᠠᠲᠤᠷ ᠤ᠋ᠨ ᠨᠢᠳᠦ ᠣᠯᠠᠨ ᠤ᠋ ᠰᠦᠷᠦᠭ ᠲᠦ᠍ ᠳᠠᠯᠠᠪᠴᠢ ᠪᠠᠨ ᠳᠡᠯᠭᠡᠭᠰᠡᠨ ᠲᠣᠭᠣᠰ ᠰᠢᠭ᠋ ᠬᠣᠶᠠᠷ ᠬᠡᠦᠬᠡᠨ ᠦ᠌ ᠪᠠᠷᠠ ᠶ᠋ᠢ ᠠᠨᠳᠠᠬᠤ ᠦᠭᠡᠢ ᠰᠢᠭᠦᠵᠦ ᠰᠠᠨᠠᠭᠠ ᠪᠠᠨ ᠣᠲᠣᠷᠯᠠᠭᠤᠯᠤᠨᠠ᠃
ᠣᠪᠣᠭᠠᠨ ᠤ᠋ ᠲᠠᠬᠢᠯᠭᠠ ᠡᠬᠢᠯᠡᠯᠡ᠃
ᠬᠣᠰᠢᠭᠤ ᠣᠪᠣᠭᠠ ᠬᠡᠴᠢᠨᠡᠭᠡᠨ ᠵᠠᠭᠤᠨ ᠵᠢᠯ ᠦ᠋ᠨ ᠨᠠᠷᠠ ᠰᠠᠯᠬᠢᠨ ᠳ᠋ᠤ᠌ ᠳᠠᠪᠲᠠᠭᠳᠠᠵᠤ ᠡᠯᠡᠭᠳᠡᠬᠦ ᠳ᠋ᠡᠭᠡᠨ ᠰᠤᠪᠤᠷᠭᠠᠨ ᠣᠷᠣᠢ ᠶ᠋ᠢᠨ ᠪᠤᠷᠭᠠᠰᠤᠨ ᠵᠢᠮᠰᠡᠭ ᠨᠢ ᠵᠠᠩᠵᠤᠨ ᠬᠥᠮᠦᠨ ᠦ᠌ ᠪᠤᠭᠤᠷᠤᠯ ᠰᠠᠩᠨᠠᠢ ᠰᠢᠭ᠋ ᠰᠠᠯᠬᠢᠨ ᠳ᠋ᠤ᠌ ᠰᠡᠷᠪᠡᠯᠵᠡᠵᠦ᠂ ᠬᠠᠷᠠ ᠠᠯᠠᠭ ᠰᠦᠯᠳᠡ ᠶ᠋ᠢᠨ ᠬᠢᠨᠢ ᠬᠥᠬᠥᠯ ᠨᠢ ᠨᠠᠷᠠᠨ ᠳ᠋ᠤ᠌ ᠭᠢᠯᠲᠠᠭᠠᠨᠠᠨᠠ᠃ ᠳᠠᠬᠢᠯᠭᠠᠴᠢᠳ᠂ ᠮᠥᠷᠭᠥᠯᠴᠢᠳ᠂ ᠦᠭᠯᠢᠭᠡᠴᠢᠳ ᠦ᠋ᠨ ᠬᠡᠰᠢᠭ ᠲᠦ᠍ ᠬᠣᠰᠢᠭᠤ ᠣᠪᠣᠭᠠ ᠥᠨᠥᠳᠥᠷ ᠡᠲᠡᠭᠡᠳ ᠰᠦᠷᠯᠢᠭ ᠭᠠᠢᠬᠠᠮᠰᠢᠭ ᠪᠠᠢᠪᠠ᠃ ᠣᠪᠣᠭᠠᠨ ᠤ᠋ ᠭᠣᠣᠯ ᠲᠠᠬᠢᠯᠭᠠ ᠶ᠋ᠢᠨ ᠲᠠᠯᠪᠢᠭᠤᠷ ᠲᠤ᠌ ᠢᠳᠡᠭᠡᠨ ᠦ᠌ ᠳᠡᠭᠡᠵᠢ᠂ ᠤᠮᠳᠠᠭᠠᠨ ᠤ᠋ ᠡᠬᠢ ᠪᠣᠯᠤᠭᠰᠠᠨ ᠥᠷᠥᠮᠡ᠂ ᠰᠢᠷᠠ ᠲᠣᠰᠣ᠂ ᠰᠦ ᠴᠠᠭᠠ᠂ ᠠᠭᠠᠷᠤᠤᠯ ᠬᠤᠷᠤᠳ᠂ ᠬᠡᠪ ᠦ᠋ᠨ ᠴᠠᠢ᠂ ᠬᠠᠭᠠᠷᠢᠮᠠᠯ ᠪᠣᠭᠣᠷᠰᠣᠭ᠂ ᠠᠷᠢᠬᠢ ᠳᠠᠷᠠᠰᠤ᠂ ᠦᠵᠦᠮ ᠴᠢᠪᠠᠭᠠ ᠁ ᠲᠠᠪᠤᠨ ᠠᠮᠲᠠᠲᠠᠨ ᠪᠦᠷᠢᠳᠴᠦ᠂ ᠰᠦᠯᠳᠡ ᠶ᠋ᠢᠨ ᠲᠤᠯᠭᠠᠭᠤᠷ᠂ ᠣᠷᠣᠢ ᠶ᠋ᠢᠨ ᠪᠤᠷᠭᠠᠰᠤ ᠨᠢ ᠭᠬᠢᠪ ᠳᠤᠷᠳᠤᠩ᠂ ᠬᠠᠳᠠᠭ ᠰᠠᠮᠪᠠᠢ ᠪᠠᠷ ᠴᠢᠮᠡᠭᠯᠡᠭᠳᠡᠭᠰᠡᠨ ᠨᠢ ᠨᠡᠩ ᠴᠦ᠍ ᠰᠦᠷ ᠵᠢᠪᠬᠤᠭᠠᠲᠠᠢ ᠪᠠᠢᠯᠠ᠃
ᠬᠦᠷᠡᠩ ᠤᠯᠠᠭᠠᠨ ᠦᠷᠬᠢᠮᠵᠢ ᠮᠥᠷᠥ ᠵᠥᠷᠢᠭᠦᠯᠦᠨ ᠬᠡᠳᠡᠷᠦᠭᠰᠡᠨ ᠯᠠᠮᠠ ᠨᠠᠷ ᠭᠤᠷᠪᠠᠨ ᠴᠢᠮᠥᠭᠡᠲᠦ ᠦᠬᠡᠷ ᠪᠦᠷᠢᠶᠡ ᠶ᠋ᠢᠨ ᠬᠦᠩᠭᠢᠨᠡᠬᠦ ᠳᠠᠭᠤᠨ ᠤ᠋ ᠬᠥᠭ ᠲᠦ᠍ ᠤᠩ ᠤᠩ ᠭᠡᠵᠦ ᠨᠣᠮ ᠤᠩᠰᠢᠬᠤ ᠳᠠᠭᠤᠨ ᠬᠣᠯᠢᠯᠳᠤᠨ ᠠᠯᠤᠰ ᠲᠤ᠌ ᠴᠤᠤᠷᠢᠶᠠᠲᠤᠨ᠂ ᠠᠮᠢᠲᠠᠨ ᠵᠢᠷᠭᠤᠭᠠᠨ ᠵᠦᠢᠯ ᠦ᠋ᠨ ᠠᠳᠠ ᠴᠢᠳᠬᠥᠷ ᠮᠠᠭᠤ ᠢᠷᠣᠠ ᠶ᠋ᠢᠨ ᠶᠠᠭᠤᠮᠠ ᠶ᠋ᠢ ᠦᠯᠡᠳᠡᠵᠦ ᠬᠥᠭᠡᠭᠡᠨ᠂ ᠠᠭᠤᠯᠠ ᠤᠰᠤᠨ ᠤ ᠨᠠᠪᠳᠠᠭ ᠰᠠᠪᠳᠠᠭ ᠢ᠋ ᠠᠷᠭᠠᠳᠠᠨ ᠰᠠᠭᠠᠲᠠᠭᠤᠯᠵᠤ ᠬᠠᠷᠠ ᠲᠡᠷᠢᠭᠦᠲᠡᠨ ᠪᠦᠬᠦᠨ ᠳ᠋ᠦ᠍ ᠰᠠᠢᠨ ᠰᠠᠢᠬᠠᠨ ᠤ᠋ ᠪᠤᠷᠢᠯᠤᠠ ᠶ᠋ᠢ ᠬᠣᠷᠣᠢᠯᠠᠨ ᠳᠠᠭᠤᠳᠠᠬᠤ ᠰᠢᠭ᠋ ᠴᠠᠭᠠᠨᠠ ᠠ᠋ᠴᠠ ᠪᠠᠨ ᠨᠢᠭᠡ ᠯᠡ ᠤᠪᠡᠳᠢᠰᠯᠢᠭ᠋ ᠰᠠᠨᠠᠭᠳᠠᠬᠤ ᠨᠢ ᠶᠡᠷᠦ ᠪᠤᠰᠤ᠃
ᠵᠦᠭ ᠵᠦᠭ ᠦ᠋ᠨ ᠥᠭᠯᠢᠭᠡ ᠶ᠋ᠢᠨ ᠡᠵᠡᠳ ᠡᠨᠡ ᠬᠦ᠌ ᠬᠠᠴᠢᠨ ᠤᠪᠡᠳᠢᠰᠯᠢᠭ᠋ ᠳᠠᠭᠤᠨ ᠤ᠋ ᠠᠪᠢᠶᠠ ᠬᠥᠭ ᠲᠦ᠍ ᠢᠪᠢᠯᠦᠨ ᠢᠷᠡᠵᠦ ᠬᠣᠰᠢᠭᠤ ᠣᠪᠣᠭᠠᠨ ᠳ᠋ᠤ᠌ ᠮᠥᠩᠭᠥ ᠵᠣᠭᠣᠰ᠂ ᠰᠢᠯ ᠠᠷᠢᠬᠢ᠂ ᠤᠯᠠᠭᠠᠨ ᠴᠢᠪᠠᠭᠠ᠂ ᠮᠥᠰᠥᠨ ᠰᠢᠬᠢᠷ ᠨᠡᠮᠡᠷᠢᠯᠡᠵᠦ᠂ ᠠᠳᠠᠭ ᠲᠠᠭᠠᠨ ᠠᠯᠤᠰ ᠬᠣᠯᠠ ᠠ᠋ᠴᠠ ᠡᠪᠦᠷᠯᠡᠵᠦ ᠢᠷᠡᠭᠰᠡᠨ ᠴᠠᠭᠠᠨ ᠴᠢᠯᠠᠭᠤ ᠨᠢᠭᠡ ᠶ᠋ᠢ ᠲᠠᠯᠪᠢᠨ ᠳᠣᠲᠣᠷᠠ ᠳᠣᠲᠣᠷᠠ ᠪᠠᠨ ᠬᠦᠰᠡᠭᠰᠡᠨ ᠰᠠᠨᠠᠭᠰᠠᠨ ᠢ᠋ᠶ᠋ᠠᠨ ᠳᠠᠭᠠᠳᠬᠠᠨᠠ᠃
ᠥᠨᠥᠳᠥᠷ ᠰᠢᠷᠠ ᠮᠣᠷᠢᠨ ᠡᠳᠦᠷ᠂ ᠠᠯᠳᠠᠨᠸᠠᠴᠢᠷ ᠪᠠᠭᠠ ᠵᠠᠰᠠᠭ ᠤᠷᠠᠳ ᠤ᠋ᠨ ᠪᠠᠷᠠᠭᠤᠨ ᠬᠦᠩ ᠦ᠋ᠨ ᠬᠦᠩ ᠨᠣᠶᠠᠨ ᠤ᠋ ᠰᠢᠷᠡᠭᠡᠨ ᠳ᠋ᠦ᠍ ᠵᠠᠯᠠᠷᠠᠬᠤ ᠥᠯᠵᠡᠢᠲᠦ ᠡᠳᠦᠷ ᠶᠤᠮᠰᠠᠨᠵᠠᠢ᠃
ᠪᠠᠭᠠ ᠬᠠᠲᠤᠨ ᠥᠷᠯᠥᠭᠡ ᠡᠷᠲᠡ ᠪᠣᠰᠴᠤ ᠪᠠᠭᠠ ᠵᠠᠰᠠᠭ ᠠᠯᠳᠠᠸᠠᠴᠢᠷ ᠤ᠋ᠨ ᠬᠡᠢᠮᠦᠷᠢ ᠶ᠋ᠢ ᠬᠡᠢᠰᠬᠡᠨ ᠯᠠᠮᠠ ᠨᠠᠷ ᠢ᠋ᠶ᠋ᠠᠷ ᠨᠣᠮ ᠤᠩᠰᠢᠭᠤᠯᠤᠨ ᠨᠢᠭᠤᠷ ᠭᠠᠷ ᠢ᠋ ᠨᠢ ᠷᠠᠰᠢᠶᠠᠯᠠᠨ᠂ ᠠᠷᠴᠠ ᠰᠠᠩ ᠲᠠᠯᠪᠢᠪᠠ᠃ ᠲᠡᠭᠡᠵᠦ ᠪᠠᠷᠠᠭᠠᠳ ᠪᠤᠷᠬᠠᠨ ᠳ᠋ᠠᠭᠠᠨ ᠵᠤᠯᠠ ᠪᠠᠷᠢᠵᠤ ᠮᠥᠷᠭᠥᠪᠡ᠃ ᠪᠠᠭᠠ ᠵᠠᠰᠠᠭ ᠢ᠋ ᠭᠦᠩᠭᠠᠷᠠᠪᠠ ᠶ᠋ᠢᠨ ᠢ᠋ᠶ᠋ᠡᠨ ᠡᠮᠦᠨᠡ ᠰᠥᠭᠥᠳᠴᠦ ᠮᠥᠷᠭᠥᠬᠦ ᠳ᠋ᠦ᠍ ᠲᠣᠭᠣᠨᠣ ᠪᠠᠷ ᠥᠩᠭᠡᠢᠭᠰᠡᠨ ᠬᠤᠯᠠᠭᠠᠢ ᠰᠠᠯᠬᠢ ᠲᠠᠬᠢᠯ ᠲᠠᠢ ᠵᠤᠯᠠ ᠶ᠋ᠢ ᠳᠡᠯᠡᠰᠴᠦ ᠤᠨᠲᠠᠷᠠᠭᠠᠪᠠ᠃ ᠲᠡᠭᠦᠨ ᠳ᠋ᠦ᠍ ᠳᠦᠷᠢᠮᠯᠡᠨ ᠮᠥᠷᠭᠥᠵᠦ ᠠᠭᠰᠠᠨ ᠷᠠᠰᠢ ᠵᠠᠬᠢᠷᠤᠭᠴᠢ ᠬᠢᠷᠳ᠋ᠬᠢᠨ ᠰᠣᠴᠢᠵᠤ ᠳᠣᠲᠣᠷᠠ ᠪᠠᠨ 《ᠮᠠᠭᠤ ᠢᠷᠣᠠ᠂ ᠮᠠᠭᠤ ᠢᠷᠣᠠ》 ᠭᠡᠵᠦ ᠤᠨᠲᠠᠷᠠᠭᠰᠠᠨ ᠵᠤᠯᠠ ᠶ᠋ᠢ ᠳᠠᠬᠢᠨ ᠠᠮᠢᠯᠠᠭᠤᠯᠬᠤ ᠭᠡᠬᠦ ᠳ᠋ᠦ᠍ ᠭᠠᠷ ᠨᠢ ᠴᠡᠴᠡᠷᠡᠵᠦ ᠪᠠᠢᠯᠠ᠃ ᠶᠠᠮᠠᠷ ᠴᠤ᠌ ᠰᠡᠵᠢᠭ ᠳᠠᠭᠠᠪᠤᠷᠢ᠂ ᠰᠦᠵᠢᠭ ᠪᠢᠰᠢᠷᠡᠯ ᠦᠭᠡᠢ ᠱᠠᠯᠳᠠᠩ ᠪᠣᠳᠣᠯ ᠲᠠᠢ ᠪᠠᠭᠠ ᠵᠠᠰᠠᠭ ᠠᠯᠲᠠᠨᠸᠠᠴᠢᠷ ᠲᠡᠭᠦᠨ ᠦ᠌ ᠴᠡᠴᠡᠷᠭᠡᠨᠡᠭᠰᠡᠨ ᠭᠠᠷ ᠢ᠋ ᠬᠠᠷᠠᠭᠠᠳ ᠢᠨᠢᠶᠡᠳᠦ ᠬᠦᠷᠴᠦ᠄
— ᠲᠠ ᠴᠢᠨᠢ ᠶᠠᠭᠠᠬᠢᠭᠰᠠᠨ ᠳᠠᠯᠳᠢᠷᠠᠭᠠᠨ ᠬᠥᠮᠦᠨ ᠪᠣᠢ ? ᠪᠥᠬᠥᠭᠰᠡᠨ ᠵᠤᠯᠠ ᠶ᠋ᠢ ᠴᠦ᠍ ᠠᠰᠠᠭᠠᠵᠤ ᠳᠡᠢᠯᠳᠡᠭ ᠦᠭᠡᠢ ᠶᠠᠮᠠᠷ ᠬᠠᠮᠢᠭᠠᠰᠢ ᠪᠠᠨ ᠶᠤᠮ ᠪᠣᠢ ? ᠭᠡᠳ ᠭᠠᠷ ᠳᠠᠬᠢ ᠬᠦᠵᠢ ᠶ᠋ᠢ ᠨᠢ ᠪᠤᠯᠢᠶᠠᠵᠤ ᠨᠥᠭᠦᠭᠡ ᠵᠤᠯᠠ ᠶ᠋ᠢ ᠠᠮᠢᠯᠠᠭᠤᠯᠬᠤ ᠭᠡᠵᠦ ᠴᠦᠳᠡᠩ ᠵᠢᠷᠤᠨᠠ᠃
— ᠦᠭᠡᠢ ᠠ᠋᠂ ᠪᠠᠭᠠ ᠵᠠᠰᠠᠭ ᠮᠢᠨᠢ ᠠᠭᠤᠴᠢᠯᠠᠭᠠᠴᠢ ᠳᠠ! ᠬᠤᠯᠠᠭᠠᠢ ᠵᠢᠪᠠᠷ ᠲᠤ᠌᠁ ᠵᠤᠯᠠ ᠤᠨᠲᠠᠷᠠᠬᠤ᠁ ᠪᠡᠯᠭᠡ ᠥᠬᠡᠢ ᠮᠠᠭᠤ ᠢᠷᠣᠠ ᠭᠡᠵᠦ ᠬᠡᠯᠡᠬᠦ ᠭᠡᠰᠡᠨ ᠢ᠋ᠶ᠋ᠡᠨ ᠪᠣᠯᠢᠪᠠ᠃
ᠬᠠᠵᠠᠭᠤ ᠶ᠋ᠢᠨ ᠬᠥᠮᠦᠰ ᠲᠦ᠍ ᠴᠦ᠍ ᠪᠡᠯᠭᠡ ᠮᠠᠭᠤᠲᠠᠢ ᠭᠡᠰᠡᠨ ᠪᠣᠳᠣᠯ ᠬᠢᠷᠪᠢᠰᠬᠢᠨ ᠬᠠᠷᠪᠤᠵᠤ᠂ ᠳᠣᠲᠣᠷᠠ ᠨᠢ ᠡᠪ ᠥᠭᠡᠢᠷᠡᠬᠦ ᠳ᠋ᠡᠭᠡᠨ ᠪᠠᠭᠠ ᠬᠠᠲᠤᠨ᠂ ᠪᠠᠭᠠ ᠵᠠᠰᠠᠭ ᠤ᠋ᠨ ᠴᠢᠷᠠᠢ ᠥᠭᠡᠳᠡ ᠠᠰ ᠬᠠᠷᠠᠵᠤ ᠴᠢᠳᠠᠬᠤ ᠦᠭᠡᠢ ᠪᠤᠷᠤᠭᠤᠯᠠᠨ ᠲᠡᠷᠡᠬᠡᠨ ᠠᠭᠱᠠᠨᠠ ᠥᠷᠥᠭᠡᠨ ᠳᠣᠲᠣᠷᠠ ᠨᠠᠮ ᠵᠢᠮ ᠪᠣᠯᠤᠯᠠ᠃
ᠪᠠᠭᠠ ᠬᠠᠲᠤᠨ ᠶᠠᠭᠤᠮᠠ ᠪᠦᠬᠦᠨ ᠢ᠋ᠶ᠋ᠡᠨ ᠪᠤᠷᠬᠠᠨ ᠬᠤᠪᠢᠯᠭᠠᠨ ᠳ᠋ᠤ᠌ ᠳᠠᠭᠠᠳᠬᠠᠵᠤ ᠮᠥᠷᠭᠥᠬᠦ ᠶ᠋ᠢ ᠲᠡᠢᠮᠦ ᠰᠦᠷᠡᠬᠡᠢ ᠢᠲᠡᠭᠡᠳᠡᠭ ᠦᠭᠡᠢ ᠪᠣᠯᠪᠠᠴᠤ ᠮᠥᠨ ᠲᠡᠭᠦᠨ ᠡᠴᠡ ᠵᠠᠢᠳᠠᠨ ᠬᠣᠯᠠᠳᠴᠤ ᠦᠯᠦ ᠴᠢᠳᠠᠨᠠ᠃ ᠲᠡᠷᠡ ᠪᠡᠷ ᠶᠠᠭᠤ ᠴᠤ᠌ ᠭᠡᠰᠡᠨ ᠨᠢᠭᠡ ᠬᠥᠮᠥᠨ ᠦ᠌ ᠬᠤᠪᠢ ᠵᠠᠶᠠᠭᠠ ᠭᠡᠳᠡᠭ ᠶᠠᠭᠤᠮᠠ ᠳᠡᠭᠡᠳᠦ ᠲᠡᠭᠷᠢ ᠡᠴᠡ ᠶᠠᠮᠠᠷ ᠨᠢᠭᠡ ᠣᠳᠣᠨ ᠳ᠋ᠤ᠌ ᠤᠨᠤᠭᠠᠨ ᠲᠥᠷᠥᠳᠡᠭ ᠭᠡᠵᠦ ᠥᠪᠡᠷ ᠦ᠋ᠨ ᠢ᠋ᠶ᠋ᠡᠨ ᠠᠮᠢᠳᠤᠷᠠᠯ ᠤ᠋ᠨ ᠬᠠᠷᠭᠤᠢ ᠪᠠᠷ ᠶᠠᠪᠤᠵᠤ ᠢᠷᠡᠭᠰᠡᠨ ᠵᠢᠷᠭᠠᠯ ᠵᠣᠪᠠᠯ ᠤ᠋ᠨ ᠥᠩᠭᠡᠷᠡᠯᠲᠡ ᠪᠡᠷ ᠢ᠋ᠶ᠋ᠡᠨ ᠢᠲᠡᠭᠡᠵᠦ ᠶᠠᠪᠤᠳᠠᠭ᠃ ᠬᠥᠪᠡᠭᠦᠨ ᠠᠯᠳᠠᠨᠸᠠᠴᠢᠷ ᠤ᠋ᠨ ᠢ᠋ᠶ᠋ᠠᠨ ᠪᠤᠷᠬᠠᠨ ᠳ᠋ᠤ᠌ ᠵᠤᠯᠠ ᠪᠠᠷᠢᠭᠰᠠᠨ ᠳ᠋ᠤ᠌ ᠪᠥᠬᠥᠨ ᠤᠨᠲᠠᠷᠠᠭᠰᠠᠨ ᠢ᠋ ᠬᠠᠷᠠᠭᠠᠳ ᠬᠠᠲᠤᠨ ᠭᠤᠸᠠᠢ ᠪᠠᠯᠠᠳᠠᠵᠤ ᠴᠣᠴᠢᠷᠳᠠᠭᠰᠠᠨ ᠦᠭᠡᠢ᠂ ᠳᠡᠷᠭᠡᠳᠡᠬᠢ ᠬᠥᠮᠦᠰ ᠦ᠋ᠨ ᠬᠢᠨᠢ ᠶᠠᠭᠤ ᠰᠠᠨᠠᠵᠤ ᠪᠠᠢᠭᠠ ᠶ᠋ᠢ ᠨᠡᠪᠲᠡ ᠭᠠᠳᠠᠷᠯᠠᠨ ᠮᠡᠳᠡᠭᠰᠡᠨ ᠪᠣᠯᠪᠠᠴᠤ ᠶᠠᠭᠤ ᠴᠤ᠌ ᠪᠣᠯᠤᠭᠠ ᠦᠭᠡᠢ ᠰᠢᠭ ᠠᠯᠭᠤᠷᠬᠠᠨ ᠶᠠᠪᠤᠵᠤ ᠭᠦᠩᠭᠠᠷᠠᠪᠠ ᠶ᠋ᠢᠨ ᠡᠮᠦᠨᠡ ᠵᠤᠯᠠ ᠪᠠᠷᠢᠨ ᠮᠥᠷᠭᠥᠪᠡ᠃ ᠪᠠᠭᠠ ᠵᠠᠰᠠᠭ ᠠᠯᠳᠠᠸᠠᠴᠢᠷ ᠥᠨᠥᠳᠥᠷ ᠣᠨᠴᠠ ᠵᠢᠪᠬᠤᠯᠠᠩᠲᠠᠢ᠃ ᠥᠯᠵᠡᠢᠲᠦ ᠲᠡᠷᠭᠡᠯ ᠬᠡ ᠲᠡᠢ ᠰᠢᠷᠠ ᠬᠣᠷᠭᠣᠢ ᠲᠡᠷᠯᠢᠭ ᠲᠦ᠍ ᠬᠠᠷᠠ ᠡᠮᠵᠢᠶᠡᠷᠢ ᠲᠡᠢ ᠬᠠᠨᠵᠢᠶᠠᠷ ᠵᠣᠬᠢᠴᠠᠭᠤᠯᠤᠨ ᠤᠯᠠᠭᠠᠨ ᠬᠦᠷᠡᠩ ᠪᠠᠳᠮᠠᠷᠠᠭᠠ ᠵᠢᠩᠰᠡ ᠲᠡᠢ ᠣᠳᠤᠭᠠᠲᠤ ᠮᠠᠯᠠᠭᠠᠢ ᠡᠮᠤᠰᠭᠰᠡᠨ ᠨᠢ ᠤᠯᠠᠮ ᠴᠤ᠌ ᠥᠩᠭᠡ ᠰᠦᠷ ᠨᠡᠮᠡᠭᠳᠡᠨ ᠶᠠᠭ ᠯᠠ ᠡᠩᠬᠡ ᠠᠮᠤᠭᠤᠯᠠᠩ ᠬᠠᠭᠠᠨ ᠤ᠋ ᠪᠠᠭᠠ ᠶ᠋ᠢᠨ ᠬᠢᠨᠢ ᠬᠠᠭᠤᠯᠪᠤᠷᠢ ᠭᠡᠵᠦ ᠠᠨᠳᠠᠭᠤᠷᠠᠮᠠᠷ ᠠᠵᠢ᠃
ᠡᠯᠳᠡᠩᠭᠡ ᠲᠡᠷᠡ ᠭᠣᠣᠯ ᠰᠠᠭᠤᠳᠠᠯ ᠤ᠋ᠨ ᠥᠨᠳᠥᠷ ᠢᠰᠡᠷᠢ ᠳᠡᠭᠡᠷᠡ ᠬᠣᠯᠬᠢᠵᠤ ᠰᠠᠭᠤᠭᠰᠠᠨ ᠤᠲᠤᠭᠠ ᠵᠢᠮᠰᠡᠭᠲᠣ ᠪᠠᠭᠠ ᠵᠠᠰᠠᠭ ᠠᠯᠳᠠᠨᠸᠠᠴᠢᠷ ᠢ᠋ ᠬᠠᠷᠠᠭᠠᠳ ᠪᠣᠳᠣᠯᠭᠠ ᠪᠣᠯᠵᠤ ᠪᠠᠢᠲᠠᠯᠠ ᠭᠡᠨᠡᠳᠳᠠ ᠠᠷᠤ ᠠ᠋ᠴᠠ ᠨᠢ ᠨᠢᠭᠡ ᠬᠥᠮᠦᠨ ᠶᠣᠪᠣᠷᠪᠠ᠃ ᠡᠷᠭᠢᠭᠡᠳ ᠬᠠᠷᠠᠬᠤᠯᠠ ᠵᠤᠳᠪᠠ ᠮᠡᠢᠷᠡᠨ ᠪᠠᠢᠯᠠ᠃ ᠵᠤᠳᠪᠠ ᠮᠡᠢᠷᠡᠨ ᠮᠣᠷᠢᠨ ᠴᠠᠭᠠᠨ ᠰᠢᠲᠦ ᠪᠡᠨ ᠢᠷᠠᠯᠵᠠᠭᠤᠯᠤᠨ ᠢᠨᠢᠶᠡᠵᠦ᠄
— ᠲᠤᠰᠠᠯᠠᠭᠴᠢ ᠭᠤᠸᠠᠢ ᠠ᠋᠂ ᠪᠠᠭᠠ ᠵᠠᠰᠠᠭ ᠤ᠋ᠨ ᠵᠢᠰᠦ ᠲᠥᠯᠥᠪ ᠬᠡᠨ ᠲᠡᠢ ᠲᠥᠰᠲᠡᠢ ᠪᠠᠢᠨᠠ ? ᠭᠡᠬᠦ ᠳ᠋ᠦ᠍ ᠡᠯᠳᠡᠩᠭᠡ᠄
— ᠁ ᠬᠡᠭ ᠭᠡᠵᠦ ᠬᠦᠢᠲᠡᠨ ᠢᠨᠢᠶᠡᠭᠡᠳ ᠶᠠᠭᠤ ᠬᠡᠯᠡᠬᠦ ᠭᠡᠰᠡᠨ ᠢ᠋ᠶ᠋ᠡᠨ ᠪᠣᠯᠢᠪᠠ᠃
— ᠴᠠᠭᠠᠳᠤᠬᠢ ᠴᠢᠨᠢ ᠴᠤᠭᠪᠠᠭᠠᠲᠤᠷ ᠲᠠᠢ ᠠᠳᠠᠯᠢᠬᠠᠨ ᠪᠠᠢᠬᠤ ᠦᠭᠡᠢ ᠤᠤ ? ᠵᠠ ⁈
— ᠲᠡᠢᠮᠦ ᠭᠡᠵᠢ ᠦᠤ ? ᠡᠭᠦᠨ ᠢ᠋ ᠬᠠᠷᠢᠨ ᠪᠢ ᠠᠩᠵᠠᠭᠠᠷᠠᠭᠰᠠᠨ ᠦᠭᠡᠢ᠃
— ᠬᠠᠷᠠ ᠯᠠ ᠳᠠ᠂ ᠨᠠᠷᠢᠬᠠᠨ ᠤᠷᠲᠤ ᠬᠦᠵᠦᠭᠦᠦ᠂ ᠪᠡᠶᠡ ᠪᠠᠢᠳᠠᠯ᠂ ᠵᠢᠰᠦ ᠴᠢᠷᠠᠢ ᠶ᠋ᠢᠨ ᠬᠢᠨᠢ ᠲᠥᠯᠥᠪ ᠨᠢ ᠴᠤᠭᠪᠠᠭᠠᠲᠤᠷ ᠢ᠋ ᠥᠪᠴᠢᠭᠡᠳ ᠲᠠᠯᠪᠢᠴᠢᠬᠠᠭᠰᠠᠨ ᠰᠢᠭ᠋ ᠬᠠᠷᠠᠭᠳᠠᠬᠤ ᠦᠭᠡᠢ ᠤᠤ ?
ᠡᠯᠳᠡᠩᠭᠡ᠂ ᠵᠤᠳᠪᠠ ᠮᠡᠢᠷᠡᠨ ᠢ᠋ ᠬᠦᠯᠢᠢᠵᠦ ᠬᠠᠷᠠᠨ ᠲᠣᠯᠣᠭᠠᠢ ᠪᠠᠨ ᠳᠣᠬᠢᠬᠤᠢᠴᠠ 《ᠬᠠᠷᠢᠨ ᠲᠡᠢᠮᠦ ᠪᠠᠢᠨᠠ ᠁ 》 ᠭᠡᠰᠡᠨ ᠰᠢᠭ ᠴᠠᠭᠠᠰᠢ ᠬᠠᠷᠠᠨ ᠰᠠᠭᠤᠪᠠ᠃
《ᠡᠨᠡ ᠬᠦᠦ ᠶ᠋ᠢ ᠬᠢᠲᠠᠳ ᠠ᠋ᠴᠠ ᠡᠷᠭᠦᠪᠡ ᠭᠡᠳᠡᠭ ᠴᠤᠤ ᠲᠠᠷᠬᠠᠵᠤ ᠪᠠᠢᠭᠰᠠᠨ ᠁ ᠶᠠᠭᠠᠬᠢᠭᠠᠳ ᠴᠣᠭ᠋ᠠᠪᠠᠭᠠᠲᠤᠷ ᠲᠠᠢ ᠲᠥᠰᠲᠡᠢ ᠪᠣᠯᠴᠢᠬᠠᠪᠠ ? ᠪᠦᠷ ᠮᠠᠨᠤᠨᠪᠡᠳᠮᠡ ᠶ᠋ᠢᠨ ᠭᠦᠶᠦᠯᠭᠡᠭᠰᠡᠨ ᠴᠢᠳᠬᠥᠷ ᠁ 》 ᠭᠡᠳ ᠡᠯᠳᠡᠩᠭᠡ ᠨᠢᠳᠦ ᠪᠡᠨ ᠠᠨᠢᠪᠠ᠃
ᠪᠠᠭᠠ ᠬᠠᠲᠤᠨ ᠴᠤ᠌ ᠥᠨᠥᠳᠥᠷ ᠴᠡᠷᠢᠭ ᠬᠤᠪᠴᠠᠰᠤ ᠪᠠᠨ ᠰᠣᠯᠢᠵᠤ ᠪᠦᠷᠢᠨ ᠵᠠᠰᠠᠯ ᠲᠠᠢ ᠠᠯᠲᠠ ᠪᠤᠯᠬᠠᠭᠰᠠᠨ ᠲᠣᠯᠣᠭᠠᠢ ᠶ᠋ᠢᠨ ᠡᠳ᠋ᠯᠠᠯ ᠵᠡᠭᠦᠵᠦ᠂ ᠤᠳᠪᠠᠯᠠ ᠴᠡᠴᠡᠭ ᠦ᠋ᠨ ᠬᠡ ᠲᠡᠢ ᠬᠠᠷᠠ ᠨᠣᠭᠣᠭᠠᠨ ᠲᠡᠷᠯᠢᠭ ᠢ᠋ ᠴᠢᠮᠪᠠᠢᠳᠡᠯᠠ ᠡᠮᠦᠰᠴᠦ ᠶᠠᠩᠵᠤᠯᠠᠭᠰᠠᠨ ᠨᠢ ᠡᠲᠡᠭᠡᠳ ᠭᠣᠶᠣᠬᠠᠨ᠃ ᠴᠢᠷᠠᠢ ᠳ᠋ᠤᠨᠢ ᠦᠯᠦ ᠮᠡᠳᠡᠭ ᠮᠢᠰᠢᠶᠡᠯ ᠦ᠋ᠨ ᠤᠯᠠᠭᠠ ᠪᠤᠲᠠᠷᠠᠵᠤ ᠬᠠᠷᠠᠭᠳᠠᠨᠠ᠃ ᠬᠦᠩ ᠨᠣᠶᠠᠨ ᠠ᠋ᠴᠠ ᠬᠣᠢᠰᠢ ᠪᠠᠷᠠᠭᠤᠨ ᠬᠦᠩ ᠦ᠋ᠨ ᠬᠤᠰᠢᠭᠤᠨ ᠤ᠋ ᠵᠠᠰᠠᠭ ᠤ᠋ᠨ ᠲᠠᠪᠴᠠᠩ ᠳ᠋ᠤ᠌ ᠬᠠᠯᠳᠤᠷᠢᠭᠠᠨ ᠲᠠᠢ ᠪᠦᠳᠦᠷᠢᠭᠡᠨ ᠲᠡᠢ ᠶᠠᠪᠤᠵᠤ ᠢᠷᠡᠭᠰᠡᠨ ᠮᠢᠨᠢ ᠶᠠᠭᠤᠨ ᠤ᠋ ᠲᠥᠯᠥᠭᠡ ᠪᠢᠯᠡ ? ᠳᠠᠯᠢᠭᠴᠢ ᠶ᠋ᠢᠨ ᠭᠡᠷᠢᠶᠡᠰ ᠢ᠋ᠶ᠋ᠡᠷ ᠪᠠᠷᠠᠭᠤᠨ ᠬᠦᠩ ᠦ᠋ᠨ ᠬᠣᠰᠢᠭᠤ ᠵᠠᠰᠠᠭ ᠢ᠋ ᠮᠥᠷᠥ ᠪᠦᠲᠦᠨ ᠠᠪᠴᠤ᠂ ᠵᠠᠰᠠᠭ ᠤ᠋ᠨ ᠠᠯᠲᠠᠨ ᠲᠠᠮᠠᠭᠠ ᠶ᠋ᠢ ᠨᠢ ᠳᠡᠭᠡᠳᠦ ᠶ᠋ᠢᠨ ᠶᠣᠰᠣᠭᠠᠷ ᠵᠠᠯᠭᠠᠮᠵᠢᠯᠠᠭᠤᠯᠬᠤ ᠭᠡᠵᠦ ᠵᠣᠷᠢᠵᠤ ᠶᠠᠪᠤᠭᠠ ᠨᠢ ᠡᠨᠡ᠃ ᠥᠨᠥᠳᠥᠷ ᠳᠠᠯᠢᠭᠴᠢ ᠬᠦᠩ ᠨᠣᠶᠠᠨ ᠤ᠋ ᠬᠥᠪᠡᠭᠦᠨ ᠠᠯᠳᠠᠨᠸᠠᠴᠢᠷ ᠪᠠᠭᠠ ᠵᠠᠰᠠᠭ ᠪᠠᠷᠠᠭᠤᠨ ᠭᠦ᠋ᠩ ᠦ᠋ᠨ ᠬᠤᠰᠢᠭᠤᠨ ᠤ᠋ ᠵᠠᠰᠠᠭ ᠤ᠋ᠨ ᠰᠠᠭᠤᠷᠢᠨ ᠢ᠋ ᠠᠯᠪᠠᠨ ᠶᠣᠰᠣᠭᠠᠷ ᠵᠠᠯᠭᠠᠮᠵᠢᠯᠠᠬᠤ ᠪᠣᠯᠤᠭᠰᠠᠨ ᠳ᠋ᠤ᠌ ᠬᠡᠢᠷᠬᠡᠨ ᠪᠠᠶᠠᠷᠯᠠᠵᠤ᠂ ᠰᠡᠳᠬᠢᠯ ᠨᠢ ᠮᠠᠰᠢᠳᠠ ᠳᠣᠭᠳᠣᠯᠤᠨ ᠪᠠᠢᠯᠠ᠃
ᠳᠠᠬᠢᠯᠭᠠᠴᠢᠳ᠂ ᠮᠥᠷᠭᠥᠯᠴᠢᠳ᠂ ᠦᠭᠯᠢᠭᠡᠴᠢᠳ ᠦ᠋ᠨ ᠴᠢᠷᠠᠢ ᠳ᠋ᠤ᠌ ᠴᠤ᠌ ᠪᠠᠶᠠᠰᠤᠯ ᠪᠢᠯᠬᠠᠵᠤ ᠨᠠᠭᠠᠳᠤᠮ ᠨᠠᠢᠷ ᠤ᠋ᠨ ᠬᠥᠭᠵᠢᠶᠡᠨ ᠳ᠋ᠦ᠍ ᠬᠥᠮᠦᠰ ᠦ᠋ᠨ ᠰᠡᠳᠬᠢᠯ ᠳ᠋ᠦ᠍ ᠨᠢᠭᠡ ᠯᠡ ᠥᠶᠥᠭ᠃
ᠴᠠᠭᠠᠨᠠ ᠠ᠋ᠴᠠ ᠬᠢᠯᠢᠩ ᠬᠠᠷᠠ ᠮᠣᠷᠢ ᠤᠨᠤᠭᠰᠠᠨ ᠰᠢᠷᠠ ᠬᠣᠷᠭᠣᠢ ᠲᠡᠷᠯᠢᠭ ᠲᠡᠢ ᠰᠤᠮᠤᠨ ᠵᠠᠩᠭᠢ ᠴᠣᠯᠮᠣᠨ ᠴᠤᠨᠩᠬᠢᠭᠤᠯᠵᠤ ᠢᠷᠡᠭᠡᠳ᠄
— ᠭᠦᠰᠢ ! ᠵᠠᠮ ᠲᠠᠯᠪᠢᠭᠠᠴᠢ ! ᠢᠷᠡᠯᠡ᠂ ᠢᠷᠡᠯᠡ ᠭᠡᠵᠦ ᠬᠠᠰᠬᠢᠷᠤᠨ ᠬᠥᠯᠥᠰᠤᠨ ᠳ᠋ᠤ᠌ ᠳᠠᠪᠳᠤᠭᠰᠡᠨ ᠬᠠᠷᠠ ᠮᠣᠷᠢᠨ ᠤ᠋ ᠣᠮᠣᠭ ᠲᠤ᠌ ᠲᠡᠷᠡ ᠡᠷᠡ ᠠᠭᠠᠬᠢᠯᠠᠵᠤ ᠪᠠᠢᠯᠠ᠃
ᠰᠤᠮᠤᠨ ᠵᠠᠩᠭᠢ ᠶ᠋ᠢᠨ ᠬᠠᠰᠬᠢᠷᠤᠭᠰᠠᠨ ᠢ᠋ᠶ᠋ᠠᠷ ᠬᠥᠮᠦᠨ ᠦ᠌ ᠰᠦᠷᠦᠭ ᠵᠠᠳᠠᠷᠠᠨ ᠬᠠᠭᠠᠷᠠᠵᠤ ᠵᠠᠢ ᠭᠠᠷᠪᠠ᠃
《ᠬᠥᠶᠢ᠂ ᠬᠠᠢ》 ᠭᠡᠬᠦ ᠬᠥᠮᠦᠰ ᠦ᠋ᠨ ᠬᠠᠰᠬᠢᠷᠬᠤ ᠳᠠᠭᠤᠨ ᠤ᠋ ᠵᠦᠭ ᠲᠣᠭᠣᠰᠣ ᠬᠤᠢᠯᠠᠷᠠᠵᠤ ᠲᠡᠨᠳᠡ ᠡᠴᠡ ᠣᠯᠠᠨ ᠮᠣᠷᠢᠲᠠᠳ ᠭᠤᠴᠢᠭᠠᠳ ᠦᠬᠡᠷ ᠲᠠᠭᠤᠵᠤ ᠬᠣᠰᠢᠭᠤ ᠣᠪᠣᠭᠠ ᠤᠷᠤᠭᠤ ᠠᠢᠰᠤᠢ᠃ ᠵᠡᠷᠯᠢᠭ ᠴᠦ᠍ ᠭᠡᠮᠡᠷ ᠬᠠᠮᠠᠷ ᠣᠩᠭᠣᠯᠵᠠᠭᠰᠠᠨ ᠦᠬᠡᠷ ᠤᠳ ᠬᠥᠮᠦᠨ ᠦ᠌ ᠣᠯᠠᠨ ᠳ᠋ᠤ᠌ ᠬᠠᠰᠢᠭᠳᠠᠭᠰᠠᠭᠠᠷ ᠣᠪᠣᠭᠠᠨ ᠤ᠋ ᠣᠢᠷᠠᠬᠠᠨ ᠲᠤᠯᠵᠤ ᠢᠷᠡᠪᠡ᠃ ᠲᠡᠭᠦᠨ ᠦ᠌ ᠳᠣᠲᠣᠷᠠ ᠨᠠᠰᠤ ᠭᠦᠢᠴᠡᠭᠰᠡᠨ ᠰᠣᠶᠣᠭᠠᠯᠠᠩ ᠵᠡᠷᠯᠢᠭ ᠬᠠᠷᠠ ᠪᠤᠬᠠ ᠭᠠᠯᠵᠠᠭᠤ ᠠᠪᠤᠷᠢ ᠲᠠᠢ ᠨᠢᠳᠦ ᠭᠥᠯᠢᠯᠵᠡᠭᠦᠯᠵᠦ᠂ ᠥᠷᠲᠥᠭᠰᠡᠨ ᠪᠦᠬᠦᠨ ᠢ᠋ ᠵᠠᠳᠠ ᠰᠠᠵᠢᠵᠤ ᠫᠢᠭ ᠪᠢᠲᠡᠭᠦᠦ ᠬᠥᠮᠦᠨ ᠬᠡᠷᠡᠮ ᠢ᠋ ᠰᠡᠲᠡᠯᠵᠦ ᠳᠤᠲᠠᠭᠠᠬᠤ ᠳ᠋ᠤ᠌ ᠪᠡᠯᠡᠬᠡᠨ ᠠᠵᠢ᠃
ᠨᠠᠷᠢᠨ ᠦᠵᠦᠭᠦᠷ ᠨᠢ ᠬᠠᠷᠠᠯᠠᠭ᠂ ᠰᠢᠪᠲᠤᠷᠠᠭᠠᠨ ᠴᠠᠭᠠᠨ ᠰᠤᠵᠠᠭᠠ ᠲᠠᠢ᠂ ᠤᠭ ᠨᠢ ᠬᠥᠬᠡᠪᠲᠦᠷ ᠬᠠᠷᠠ ᠰᠡᠯᠡᠮᠡᠨ ᠬᠣᠶᠠᠷ ᠡᠪᠡᠷ ᠨᠢ ᠪᠢᠯᠡᠭᠦᠦ ᠳᠣᠯᠢᠶᠠᠭᠰᠠᠨ ᠬᠢᠲᠤᠭᠠᠨ ᠤ᠋ ᠢᠷ ᠰᠢᠭ ᠭᠢᠯᠠᠯᠵᠠᠨᠠ᠃ ᠰᠠᠨᠠᠮᠵᠢ ᠦᠭᠡᠢ ᠰᠡᠵᠢᠭᠡᠳ ᠠᠪᠬᠤ ᠴᠤ᠌ ᠶᠤᠮ ᠤᠤ ᠭᠡᠬᠦ ᠠᠶᠤᠯ ᠳ᠋ᠤ᠌ ᠭᠡᠨᠡᠳᠡᠬᠦ ᠡᠴᠡ ᠡᠮᠢᠶᠡᠭᠰᠡᠨ ᠬᠥᠮᠦᠰ ᠪᠥᠭᠰᠡ ᠪᠡᠷ ᠢ᠋ᠶ᠋ᠡᠨ ᠴᠤᠬᠤᠷᠢᠨᠠ᠃ ᠠᠮᠢᠨ ᠠ᠋ᠴᠠ ᠪᠠᠨ ᠤᠢᠳᠴᠤ ᠥᠪᠡᠷ ᠲᠡᠢ ᠪᠡᠨ ᠪᠣᠯᠴᠢᠮ ᠦᠭᠡᠢ ᠲᠣᠭᠯᠠᠭᠠᠮ ᠬᠢᠳᠡᠭ ᠬᠥᠮᠦᠨ ᠬᠠᠮᠢᠭᠠ ᠪᠠᠢᠬᠤ ᠪᠣᠢ ? ᠲᠣᠭᠣᠷᠢᠭᠰᠠᠨ ᠣᠯᠠᠨ ᠰᠣᠨᠢᠭᠤᠴᠢ ᠶᠠᠭᠤᠮᠠ ᠬᠠᠷᠠᠬᠤ ᠳ᠋ᠠᠭᠠᠨ ᠳᠣᠲᠣᠷᠠ ᠳᠣᠲᠣᠷᠠ ᠪᠠᠨ ᠰᠡᠷᠡᠮᠵᠢ ᠶ᠋ᠢᠨ ᠪᠠᠮᠪᠠᠢ ᠡᠪᠦᠷᠲᠦᠯᠡᠵᠦ ᠬᠠᠮᠢᠭᠠ ᠠ᠋ᠴᠠ ᠶᠠᠭᠠᠬᠢᠵᠤ ᠴᠤ᠌ ᠮᠡᠳᠡᠬᠦ ᠭᠠᠢ ᠪᠠᠷᠴᠢᠳ ᠢ᠋ ᠰᠡᠷᠡᠮᠵᠢᠯᠡᠵᠦ ᠪᠡᠶᠡ ᠪᠡᠨ ᠬᠠᠮᠠᠭᠠᠯᠠᠨᠠ᠃ ᠪᠦᠯᠲᠡᠯᠵᠡᠭᠰᠡᠨ ᠪᠤᠮᠠᠨ ᠨᠢᠳᠦᠨ ᠦ᠌ ᠬᠠᠷᠠᠴᠠ ᠬᠠᠷᠠ ᠪᠤᠬᠠ ᠶ᠋ᠢᠨ ᠳᠡᠭᠡᠷᠡ ᠲᠥᠪᠯᠡᠷᠡᠨ《ᠣᠪᠣᠭᠠᠨ ᠤ᠋ ᠲᠠᠬᠢᠯᠭᠠ ᠶ᠋ᠢᠨ ᠪᠦᠷᠢᠯᠸᠠ ᠭᠡᠭᠴᠢ ᠡᠢᠮᠦ ᠯᠡ ᠰᠦᠷᠲᠡᠢ ᠲᠣᠭᠰᠢᠨ ᠰᠢᠦ ᠳᠡ? ᠡᠨᠡ ᠵᠡᠷᠯᠢᠭ ᠲᠣᠭᠰᠢᠨ ᠠᠮᠢᠲᠠᠨ ᠢ᠋ ᠬᠡᠨ ᠨᠢ ᠶᠠᠭᠠᠬᠢᠵᠤ ᠴᠤ᠌ ᠨᠤᠮᠣᠬᠤᠳᠬᠠᠳᠠᠭ ᠪᠣᠯ ? 》 ᠭᠡᠰᠡᠨ ᠭᠠᠶᠢᠬᠠᠭᠰᠢᠷᠠᠯ ᠬᠥᠮᠦᠨ ᠪᠦᠬᠦᠳᠡ ᠶ᠋ᠢᠨ ᠴᠢᠷᠠᠢ ᠳ᠋ᠤ᠌ ᠮᠡᠳᠡᠭᠳᠡᠨᠡ᠃
— ᠡᠷᠲᠡ ᠦᠶᠡ ᠳ᠋ᠦ᠍ ᠮᠠᠨ ᠤ᠋ ᠳᠡᠭᠡᠳᠦᠭᠦᠯᠡ ᠣᠪᠣᠭᠠ ᠲᠠᠬᠢᠬᠤ ᠳ᠋ᠠᠭᠠᠨ ᠴᠡᠭᠡᠵᠢᠨ ᠳ᠋ᠡᠭᠡᠨ ᠬᠠᠷᠠ ᠦᠰᠦ ᠲᠡᠢ ᠪᠢᠲᠡᠭᠦᠦ ᠬᠠᠯᠲᠠᠷ ᠬᠥᠮᠦᠨ ᠢ᠋ ᠴᠢᠰᠤᠯᠠᠵᠤ ᠳᠠᠬᠢᠳᠠᠭ ᠪᠠᠢᠭᠰᠠᠨ ᠭᠡᠳᠡᠭ᠃
— ᠠ᠂ ᠪᠤᠬᠠᠨ ᠲᠡᠭᠷᠢ ᠥᠷᠥᠰᠢᠶᠡ!
— ᠲᠣᠭᠰᠢᠨ ᠲᠠᠬᠢᠯᠭᠠ ᠲᠠᠢ ᠣᠪᠣᠭᠠ ᠪᠠᠢᠭᠰᠠᠨ ᠭᠡᠵᠦ ᠨᠠᠰᠤᠳᠠᠢᠴᠤᠤᠯ ᠶᠠᠷᠢᠳᠠᠭ ᠪᠠᠢᠭᠰᠠᠨ᠂ ᠦᠨᠡᠨ ᠪᠠᠢᠬᠠ ᠠ᠋ !
— ᠡᠨᠡ ᠬᠣᠰᠢᠭᠤ ᠣᠪᠣᠭᠠ ᠴᠢᠨᠢ᠁ ᠭᠡᠵᠦ ᠰᠢᠪᠠᠭᠰᠠᠨ ᠬᠥᠮᠦᠰ ᠶᠠᠷᠢᠯᠴᠠᠵᠤ ᠪᠠᠢᠪᠠ᠃
ᠦᠬᠡᠷ ᠦ᠋ᠨ ᠲᠦᠭᠦᠬᠡᠢ ᠰᠢᠷᠢ ᠪᠡᠷ ᠪᠡᠶᠡ ᠪᠡᠨ ᠪᠡᠬᠢᠯᠡᠭᠰᠡᠨ ᠬᠡᠳᠦᠨ ᠲᠣᠮᠣ ᠡᠷᠡ ᠵᠡᠷᠯᠢᠭ ᠬᠠᠷᠠ ᠪᠤᠬᠠ ᠶ᠋ᠢ ᠡᠪᠡᠷᠳᠡᠬᠦ ᠭᠡᠳ ᠨᠢᠭᠡ ᠨᠢ ᠬᠣᠯᠠ ᠰᠡᠵᠢᠭᠳᠡᠵᠦ ᠣᠢᠴᠢᠭᠠᠳ ᠰᠢᠷᠣᠢ ᠡᠮᠬᠦᠪᠡ᠃ ᠨᠢᠭᠡ ᠪᠡᠨ ᠰᠢᠷᠦᠶᠢᠳᠤᠭᠤᠯᠤᠭᠰᠠᠨ ᠠ᠋ᠴᠠ ᠬᠡᠷᠰᠡᠦᠭᠡᠨ ᠣᠷᠣᠬᠤ ᠶ᠋ᠢ ᠬᠢᠴᠢᠶᠡᠭᠰᠡᠨ ᠪᠤᠰᠤᠳ ᠨᠢ ᠳᠡᠭᠡᠰᠦ ᠴᠠᠯᠮᠠ ᠪᠡᠯᠡᠳᠬᠡᠵᠦ ᠬᠦᠯᠢᠬᠦ ᠡᠴᠡ ᠥᠭᠡᠷᠡ ᠠᠷᠭᠠ ᠦᠭᠡᠢ ᠪᠣᠯᠤᠯᠠ᠃ ᠲᠡᠭᠡᠳᠡᠯᠡ ᠨᠢᠭᠡ ᠨᠢ ᠲᠦᠭᠦᠬᠡᠢ ᠦᠳᠡᠭᠡᠷᠢ ᠪᠡᠷ ᠲᠠᠮᠤᠭᠰᠠᠨ ᠬᠤᠢᠪᠢ ᠶ᠋ᠢ ᠪᠤᠬᠠᠨ ᠤ᠋ ᠡᠪᠡᠷ ᠲᠤᠨᠢ ᠬᠠᠶᠠᠭᠠᠳ ᠲᠠᠲᠠᠭᠰᠠᠨ ᠳ᠋ᠤ᠌ ᠣᠩᠭᠣᠨ ᠭᠦᠶᠦᠭᠰᠡᠨ ᠬᠠᠷᠠ ᠪᠤᠬᠠ ᠡᠪᠡᠷ ᠲᠦ᠋ᠨᠢ ᠶᠠᠭᠤᠮᠠ ᠲᠣᠷᠣᠯᠳᠤᠬᠤ ᠪᠠᠷ ᠳᠣᠭᠰᠢᠷᠠᠨ ᠠᠭᠰᠤᠮᠨᠠᠵᠤ᠂ ᠨᠥᠭᠦᠭᠡ ᠬᠡᠳᠦᠨ ᠡᠷᠡ ᠶ᠋ᠢ ᠲᠡᠭᠳᠡᠢᠲᠡᠯᠡ ᠴᠢᠷᠦᠭᠡᠳ ᠲᠣᠭᠣᠰᠣ ᠮᠠᠨᠠᠨ ᠲᠠᠲᠠᠭᠤᠯᠤᠨᠠ᠃ ᠬᠡᠳᠦᠨ ᠰᠠᠢᠨ ᠡᠷᠡ ᠪᠠ ᠵᠡᠷᠯᠢᠭ ᠬᠠᠷᠠᠡ ᠪᠤᠬᠠ ᠶ᠋ᠢᠨ ᠲᠡᠩᠬᠡᠭᠡᠨ ᠳ᠋ᠦ᠍ ᠬᠠᠬᠠᠨ ᠴᠢᠩᠭᠠᠷᠠᠭᠰᠠᠨ ᠦᠳᠡᠭᠡᠷᠢ ᠶ᠋ᠢᠨ ᠬᠤᠢᠪᠢ ᠲᠠᠰᠤ ᠣᠴᠢᠵᠤ ᠬᠡᠳᠦᠨ ᠰᠡᠲᠡᠨ ᠡᠷᠡ ᠪᠥᠭᠰᠡᠨ ᠢ᠋ᠶ᠋ᠡᠷ ᠢ᠋ᠶ᠋ᠡᠨ ᠯᠠᠭ ᠬᠢᠲᠡᠯᠡ ᠰᠠᠭᠤᠵᠤ ᠵᠡᠷᠯᠢᠭ ᠬᠠᠷᠠ ᠪᠤᠬᠠ ᠲᠣᠯᠣᠭᠠᠢ ᠪᠠᠨ ᠰᠠᠵᠢᠨ ᠨᠢᠳᠦ ᠨᠢ ᠤᠯᠠᠩᠭᠠᠰᠤᠨ ᠭᠥᠯᠢᠯᠵᠡᠵᠦ᠂ ᠥᠷᠲᠥᠭᠰᠡᠨ ᠪᠦᠬᠦᠨ ᠢ᠋ ᠮᠥᠷᠭᠦᠵᠦ ᠰᠠᠵᠢᠮᠠᠷ ᠳᠣᠭᠰᠢᠷᠠᠨ ᠰᠢᠷᠣᠢ ᠮᠠᠯᠲᠠᠵᠤ ᠨᠢᠷᠤᠭᠤᠨ ᠳᠡᠭᠡᠷᠡ ᠪᠡᠨ ᠬᠠᠶᠠᠭᠠᠳ ᠬᠥᠮᠦᠰ ᠦ᠋ᠨ ᠵᠦᠭ ᠲᠠᠭᠠᠷᠢᠮᠠᠷ ᠪᠠᠢᠯᠠ᠃
— ᠢ᠂ ᠢ! ᠡᠨᠡ ᠶᠠᠮᠠᠷ ᠬᠠᠴᠢᠨ ᠠᠮᠢᠲᠠᠨ ᠭᠡᠭᠴᠢ ᠪᠣᠢ? ᠬᠥᠮᠦᠨ ᠳ᠋ᠦ᠍ ᠭᠠᠷᠰᠢᠳᠠᠭ ᠦᠭᠡᠢ ᠨᠢ ᠭᠦ᠋ ?
— ᠣᠳᠣ ᠠᠯᠳᠠᠵᠤ ᠲᠠᠭᠤᠬᠤ ᠨᠢ ᠠ᠋ ? ᠬᠥᠮᠦᠨ ᠠᠮᠢᠲᠠᠨ ᠤ᠋ ᠡᠮᠦᠨᠡ ᠬᠣᠰᠢᠭᠤ ᠣᠪᠣᠭᠠ ᠪᠠᠨ ᠬᠤᠰᠠᠷᠠᠭᠤᠯᠵᠤ ᠳᠠᠬᠢᠳᠠᠭ ᠴᠤ᠌ ᠪᠣᠯ ᠪᠠᠷᠠᠭᠤᠨ ᠬᠦᠩ ᠦ᠋ᠨ ᠬᠢᠨ ᠰᠢᠪᠰᠢᠭ ᠢ᠋ᠶ᠋ᠡᠨ ᠪᠠᠷᠠᠨᠠ ᠳᠠ ᠭᠡᠵᠦ ᠭᠣᠣᠯ ᠲᠠᠭᠲᠤ ᠶ᠋ᠢᠨ ᠰᠠᠭᠤᠳᠠᠯ ᠳ᠋ᠠᠬᠢ ᠤᠪᠤᠷᠵᠢᠭᠤᠨ ᠬᠥᠮᠦᠰ ᠡᠴᠡ ᠨᠢᠭᠡ ᠨᠢ ᠳᠠᠭᠤᠨ ᠠᠯᠳᠠᠬᠤ ᠳ᠋ᠤ᠌ ᠪᠠᠭᠠ ᠬᠠᠲᠤᠨ᠄
— ᠡᠷᠳᠡᠨ ᠡᠡᠴᠠ ᠡᠪ ᠳᠦᠢᠲᠡᠢ ᠣᠷᠣᠯᠳᠣᠳᠠᠭ ᠦᠭᠡᠢ᠂ ᠶᠠᠭᠠᠬᠢᠬᠤ ᠳ᠋ᠠᠭᠠᠨ ᠢᠩᠭᠢᠵᠦ ᠣᠷᠣᠭᠠ ᠵᠡᠷᠯᠢᠭ ᠠᠮᠢᠲᠠᠨ ᠢ᠋ ᠠᠪᠴᠢᠷᠠᠵᠤ ᠬᠥᠮᠦᠨ ᠠᠮᠢᠲᠠᠨ ᠤ᠋ ᠦᠢᠯᠡ ᠲᠠᠮᠤ ᠶᠢ ᠦᠵᠡᠳᠡᠭ ᠪᠢᠯᠡ ? ᠨᠠᠢᠷ ᠤ᠋ᠨ ᠳᠠᠭᠠᠭᠠᠮᠠᠯ ᠶᠠᠭᠠᠬᠢᠪᠠ ? ᠭᠡᠵᠦ ᠳᠠᠭᠠᠵᠢᠩᠨᠠᠬᠤ ᠳ᠋ᠤ᠌ ᠵᠡᠭᠦᠨ ᠪᠠᠷᠠᠭᠤᠨ ᠲᠤᠰᠠᠯᠠᠭᠴᠢ ᠶ᠋ᠢᠨ ᠴᠢᠬᠢ ᠬᠠᠩᠭᠢᠨᠠᠵᠤ ᠰᠠᠭᠤᠳᠠᠯ ᠠᠯᠳᠠᠵᠤ ᠪᠠᠢᠯᠠ᠃
— ᠶᠠᠭ ᠪᠣᠯᠬᠤ ᠦᠭᠡᠢ ᠪᠣᠯ ᠫᠤᠤᠳᠠ! ᠨᠢᠭᠡ ᠮᠠᠭᠤ ᠨᠢᠳᠦ ᠨᠢ ᠤᠯᠠᠢᠭᠰᠠᠨ ᠪᠤᠬᠠ ᠠᠯᠠᠬᠤ ᠳ᠋ᠤ᠌ ᠭᠠᠷ ᠮᠤᠬᠤᠷᠳᠠᠬᠤ ᠶᠠᠭᠤ ᠪᠠᠢᠨᠠ? ᠭᠡᠵᠦ ᠠᠷᠤ ᠶ᠋ᠢᠨ ᠰᠠᠭᠤᠳᠠᠯ ᠠ᠋ᠴᠠ ᠴᠣᠬᠪᠠᠭᠠᠲᠤᠷ ᠭᠣᠷᠣᠢᠨ ᠪᠣᠰᠴᠤ ᠴᠡᠷᠢᠭ ᠲᠦ᠍ ᠵᠠᠷᠯᠢᠭ ᠪᠣᠯᠬᠤ ᠰᠢᠭ᠋ ᠵᠠᠩᠳᠤᠷᠤᠩᠭᠤᠢ ᠳᠤᠤᠭᠠᠷᠪᠠ᠃
ᠪᠠᠭᠠ ᠬᠠᠲᠤᠨ ᠲᠡᠭᠦᠨ ᠢ᠋ ᠬᠠᠷᠠᠭᠠᠳ 《ᠡᠨᠡ ᠰᠣᠯᠢᠶᠠᠲᠤ ᠲᠡᠨᠡᠭ ᠨᠢ ᠬᠥᠳᠡᠯᠪᠡᠯ ᠶᠠᠭᠤ ᠴᠤ᠌ ᠬᠢᠵᠦ ᠮᠠᠭᠠᠳ ᠦᠭᠡᠢ 》 ᠭᠡᠵᠦ ᠪᠣᠳᠣᠨ᠄
— ᠪᠠᠢᠭ᠂ ᠪᠠᠢᠭ! ᠨᠠᠢᠷ ᠨᠠᠭᠠᠳᠤᠮ ᠪᠣᠯᠵᠤ ᠪᠠᠢᠬᠤ ᠳ᠋ᠤ᠌ ᠫᠤᠤ ᠰᠤᠮᠤ ᠬᠥᠳᠡᠯᠭᠡᠵᠦ ᠣᠯᠠᠨ ᠢ᠋ ᠦᠢᠮᠡᠭᠦᠯᠦᠭᠡᠳ ᠶᠠᠭᠠᠬᠢᠬᠤ ᠪᠣᠢ ? ᠭᠡᠵᠦ ᠭᠠᠷ ᠢ᠋ᠶ᠋ᠠᠨ ᠨᠠᠮᠬᠠᠨ ᠵᠠᠩᠭᠠᠵᠤ᠂ ᠴᠣᠭᠪᠠᠠᠭᠠᠲᠤᠷ ᠢ᠋ 《ᠣᠷᠣᠨ ᠳ᠋ᠠᠭᠠᠨ ᠰᠠᠭᠤ! ᠠᠷᠭᠠ ᠨᠢ ᠣᠯᠳᠠᠬᠤ ᠪᠠᠢᠯᠭᠦᠢ》 ᠭᠡᠰᠡᠨ ᠮᠠᠶᠢᠭᠲᠠᠢ ᠮᠢᠳᠠᠢᠪᠠ᠃ ᠴᠤᠭᠪᠠᠭᠠᠲᠤᠷ᠂ ᠪᠠᠭᠠ ᠬᠠᠲᠤᠨ ᠢ᠋ ᠲᠤᠭᠤᠮᠰᠠᠢ ᠦᠭᠡᠢ ᠬᠠᠷᠠᠵᠤ᠄
— ᠴᠠᠪᠠᠰᠤ! ᠨᠠᠳᠠ ᠮᠤᠬᠤᠷ ᠵᠠᠰᠠᠭ ᠢ᠋ᠶ᠋ᠠᠨ ᠦᠵᠡᠭᠦᠯᠬᠦ ᠬᠡ ᠦᠤ ? ᠭᠡᠵᠦ ᠳᠦᠳᠦᠨᠡᠭᠡᠳ 《ᠬᠡᠩ! ᠰᠤᠪᠠᠢ ᠦᠨᠢᠶᠡᠨ ᠦ᠌ ᠣᠷᠣᠭᠠ ᠠᠨᠢᠷᠲᠤᠭᠰᠠᠨ ᠳ᠋ᠠᠭᠠᠨ ᠬᠠᠷᠠ ᠪᠤᠬᠠ ᠨᠢᠳᠦ ᠨᠢ ᠤᠯᠠᠢᠵᠤ ᠪᠠᠢᠬᠤ ᠦᠭᠡᠢ ᠤᠤ! 》 ᠭᠡᠵᠦ ᠬᠡᠯᠡᠬᠦ ᠭᠡᠳ ᠦᠭᠡ ᠪᠡᠨ ᠵᠠᠯᠭᠢᠵᠤ ᠳᠤᠷᠠ ᠮᠠᠭᠤᠲᠠᠢ ᠣᠷᠣᠨ ᠳ᠋ᠠᠭᠠᠨ ᠰᠠᠭᠤᠪᠠ᠃
— ᠳᠡᠭᠡᠷᠡ ᠦᠶᠡ ᠡᠴᠡ ᠪᠡᠨ ᠳᠣᠭᠰᠢᠨ ᠲᠠᠬᠢᠯᠭᠠ ᠲᠠᠢ ᠣᠪᠣᠭᠠ ᠬᠣᠢᠨᠠ ᠳᠠ᠂ ᠡᠨᠡ ᠵᠢᠱ᠌ᠢᠶᠡ ᠪᠠᠢᠯᠭᠦᠢ ᠶᠠᠭᠠᠬᠢᠬᠤ ᠪᠣᠢ ⁈
— ᠪᠤᠷᠬᠠᠨ ᠲᠡᠭ᠍ᠷᠢ ᠥᠷᠥᠰᠢᠶᠡ! ᠭᠡᠵᠦ ᠬᠠᠷᠠ ᠪᠤᠬᠠ ᠶ᠋ᠢᠨ ᠦᠢᠮᠡᠭᠡᠨ ᠲᠣᠭᠣᠰᠣᠨ ᠳ᠋ᠤ᠌ ᠬᠥᠯ ᠠᠯᠳᠠᠭᠰᠠᠨ《ᠯᠠᠮᠠ ᠭᠤᠷᠪᠠᠨ ᠡᠷᠳᠡᠨᠢ!》 ᠭᠡᠬᠦ ᠡᠴᠡ ᠴᠠᠭᠠᠰᠢ ᠦᠭᠡᠢ᠃
— ᠠᠶᠠ᠂ ᠬᠣᠬᠣᠢ ! ᠭᠡᠵᠦ ᠰᠠᠨᠠᠭᠠ ᠠᠯᠲᠠᠨ ᠦᠢᠮᠡᠯᠳᠦᠭᠰᠡᠨ ᠬᠥᠮᠦᠰ ᠦ᠋ᠨ ᠳᠤᠮᠳᠠ ᠠ᠋ᠴᠠ 《ᠵᠠᠢᠯᠠ᠂ ᠵᠠᠢᠯᠠ !》 ᠭᠡᠵᠦ ᠨᠢᠭᠡ ᠡᠷᠡ ᠬᠠᠨᠴᠤᠢ ᠰᠢᠮᠡᠯᠡᠨ ᠱᠤᠩᠭᠤᠨᠠ᠃
ᠨᠢᠳᠦ ᠮᠠᠳ ᠦᠭᠡᠢ ᠵᠢᠳᠬᠦᠯᠡᠭᠰᠡᠨ ᠦᠬᠡᠷ ᠦ᠋ᠳ ᠬᠥᠮᠦᠨ ᠦ᠌ ᠰᠦᠷᠦᠭ ᠦ᠋ᠨ ᠬᠠᠭᠠᠷᠠᠭᠰᠠᠨ ᠣᠩᠭᠣᠷᠬᠠᠢ ᠪᠠᠷ ᠭᠠᠳᠠᠭᠰᠢ ᠵᠢᠯᠢᠢᠪᠡ᠃ ᠬᠠᠷᠠ ᠪᠤᠬᠠ ᠮᠢᠬᠠ ᠲᠠᠷᠭᠤ ᠳ᠋ᠠᠭᠠᠨ ᠪᠣᠭᠣᠭᠳᠠᠵᠤ ᠰᠦᠷᠦᠭ ᠦ᠋ᠨ ᠠᠷᠤ ᠠ᠋ᠴᠠ ᠠᠭᠠᠬᠢᠯᠵᠠᠨ ᠭᠦᠶᠦᠨᠡ᠃
ᠮᠥᠷᠥ ᠳᠠᠯᠤ ᠪᠠᠷ ᠢ᠋ᠶ᠋ᠠᠨ ᠥᠩᠭᠡ ᠨᠢ ᠤᠨᠠᠭᠰᠠᠨ ᠬᠥᠬᠡ ᠳᠠᠯᠢᠩᠪᠤᠤ ᠲᠡᠷᠯᠢᠭ ᠦ᠋ᠨ ᠬᠣᠷᠮᠣᠢ ᠶ᠋ᠢ ᠰᠢᠭᠤᠵᠤ ᠬᠠᠨᠴᠤᠢ ᠪᠠᠨ ᠲᠣᠬᠣᠢ ᠳ᠋ᠠᠭᠠᠨ ᠲᠤᠯᠲᠠᠯᠠ ᠰᠢᠮᠠᠯᠠᠭᠰᠠᠨ ᠪᠣᠷᠣ ᠬᠦᠦ ᠥᠨᠥᠬᠢ ᠬᠠᠷᠠ ᠪᠤᠬᠠ ᠶ᠋ᠢ ᠰᠡᠭᠦᠯᠳᠡᠵᠤ ᠠᠪᠤᠪᠠ᠃ ᠬᠠᠨᠳᠤᠭᠰᠠᠨ ᠵᠦᠭ ᠲᠦ᠍ ᠬᠠᠷᠰᠢ ᠦᠭᠡᠢ ᠭᠡᠵᠦ ᠰᠠᠭᠰᠠᠭᠤᠷᠠᠨ ᠵᠢᠳᠬᠦᠭᠰᠡᠨ ᠬᠠᠷᠠ ᠪᠤᠬᠠ ᠬᠠᠮᠢᠭᠠ ᠠ᠋ᠴᠠ ᠪᠣᠯᠤᠭᠰᠠᠨ ᠨᠦᠰᠡᠷ ᠬᠠᠷᠠ ᠬᠦᠴᠦᠨ ᠳ᠋ᠦ᠍ ᠬᠥᠯ ᠢ᠋ᠶ᠋ᠡᠨ ᠲᠤᠰᠢᠭᠤᠯᠤᠭᠰᠠᠨ ᠢ᠋ᠶ᠋ᠠᠨ ᠦᠯᠦ ᠮᠡᠳᠡᠨ᠂ ᠰᠡᠭᠦᠯ ᠦ᠋ᠨ ᠬᠢᠨᠢ ᠤᠭ ᠢ᠋ᠶ᠋ᠠᠷ ᠱᠠᠷᠬᠢᠷᠠᠬᠤ ᠳ᠋ᠤ᠌ ᠡᠮᠦᠨᠡ ᠬᠣᠶᠠᠷ ᠬᠥᠯ ᠨᠢ ᠡᠪᠦᠳᠦᠭ ᠢ᠋ᠶ᠋ᠡᠷ ᠢ᠋ᠶ᠋ᠡᠨ ᠮᠥᠯᠬᠥᠨ ᠵᠢᠳᠬᠦᠬᠦ ᠲᠡᠳᠦᠢ ᠪᠠᠢᠪᠠ᠃ ᠬᠣᠰᠢᠭᠤ ᠨᠢ ᠭᠠᠵᠠᠷ ᠬᠦᠷᠴᠦ ᠬᠠᠮᠠᠷ ᠨᠢ ᠣᠩᠭᠣᠢᠨ ᠭᠦᠦᠷ᠂ ᠭᠦᠦᠷ ᠭᠡᠵᠦ ᠬᠦᠴᠦᠲᠡᠢ ᠰᠢᠷᠦᠭᠦᠨ ᠠᠮᠢᠰᠬᠤᠬᠤ ᠳ᠋ᠤ᠌ ᠰᠢᠷᠣᠢ ᠪᠤᠲᠠᠷᠠᠵᠤ ᠰᠢᠯᠦᠰᠦ ᠨᠢ ᠰᠠᠯᠢᠰᠤᠷᠠᠨ ᠤᠲᠠᠰᠤ ᠲᠠᠲᠠᠨᠠ᠃
ᠲᠡᠷᠡ ᠬᠦᠦ᠂ ᠬᠠᠷᠠ ᠪᠤᠬᠠ ᠰᠥᠭᠥᠳᠦᠭᠰᠡᠨ ᠳᠡᠯᠢᠮ ᠳ᠋ᠦ᠍ ᠱᠠᠯᠠᠪ ᠣᠴᠢᠵᠤ ᠡᠪᠡᠷᠳᠡᠪᠡ᠃ ᠡᠪᠡᠷ ᠲᠡᠭᠡᠨ ᠣᠭᠣᠳᠣᠩ ᠭᠡᠳᠡᠭᠡ ᠲᠡᠢ ᠬᠠᠷᠠ ᠪᠤᠬᠠ ᠲᠣᠯᠣᠭᠠᠢ ᠪᠠᠨ ᠳᠠᠮᠠᠷᠤᠳᠠᠨ ᠮᠠᠰᠢ ᠮᠠᠭᠤᠬᠠᠢ ᠤᠷᠢᠯᠠᠨᠠ᠃ ᠰᠠᠢᠨ ᠡᠷᠡ ᠶ᠋ᠢᠨ ᠠᠳᠬᠤ ᠪᠠᠭᠲᠠᠮᠠ ᠦᠭᠡᠢ ᠪᠠᠪᠠᠭᠠᠷ ᠯᠤᠤᠪᠠᠩ ᠡᠪᠡᠷ ᠡᠴᠡ ᠨᠢ ᠵᠠᠭᠤᠷᠠᠭᠰᠠᠨ ᠪᠣᠷᠣ ᠬᠦᠦ ᠶ᠋ᠢᠨ ᠪᠢᠷᠠ ᠳᠠᠩᠬᠡᠭᠬᠡ ᠬᠠᠷᠠ ᠪᠤᠬᠠ ᠶ᠋ᠢ ᠡᠴᠦᠰ ᠲᠡᠭᠡᠨ ᠨᠤᠮᠣᠬᠳᠬᠠᠪᠠ᠃ ᠵᠡᠷᠯᠢᠭ ᠬᠠᠷᠠ ᠪᠤᠬᠠ ᠡᠷᠯᠢᠭ ᠢ᠋ᠶ᠋ᠡᠨ ᠦᠵᠡᠭᠰᠡᠨ ᠰᠢᠭ ᠰᠡᠭᠦᠯ ᠨᠢ ᠰᠢᠷᠪᠠᠯᠵᠠᠨ ᠠᠮᠠᠨ ᠠ᠋ᠴᠠ ᠨᠢ ᠬᠥᠭᠡᠰᠦ ᠪᠤᠷᠭᠢᠵᠤ ᠴᠡᠴᠡᠷᠡᠬᠦ ᠡᠴᠡ ᠥᠭᠡᠷᠡ ᠴᠢᠳᠠᠯ ᠦᠭᠡᠢ ᠪᠠᠢᠯᠠ᠃
— ᠬᠥᠶᠢ᠂ ᠬᠥᠶᠢ᠂ ᠡᠨᠡ ᠬᠡᠨ ᠪᠣᠯᠴᠢᠬᠠᠪᠠ ?
— ᠠ᠂ ᠪᠠᠰᠠ ᠲᠠᠷ ᠲᠠᠢ ᠡᠷᠡ ᠪᠠᠢᠨᠠ ᠠ᠋!
— ᠰᠠᠶ᠋ᠢᠬᠢ ᠬᠠᠷᠢᠶᠠᠯᠴᠢ ᠬᠠᠷᠠ ᠰᠠᠮᠠᠭᠠᠨ ᠢ᠋ ᠳᠠᠷᠤᠭᠰᠠᠨ ᠬᠠᠪᠤᠲᠤ ᠬᠠᠰᠠᠷ ᠤ᠋ᠨ ᠪᠦᠷᠢᠯᠸᠠ ᠲᠡᠷᠡ ᠴᠢᠭ ᠢ᠋ᠶ᠋ᠡᠷ ᠢ᠋ᠶ᠋ᠡᠨ ᠮᠥᠨ ᠪᠠᠢᠨᠠ ᠡᠨᠡ ᠴᠢᠨᠢ ᠁
— ᠬᠥᠶᠢ᠂ ᠡᠨᠡ ᠴᠢᠨᠢ ᠦᠨᠡᠬᠡᠷ ᠥᠴᠥᠭᠡᠳᠦᠷ ᠦ᠋ᠨ ᠪᠥᠬᠡ ᠶ᠋ᠢᠨ ᠲᠡᠮᠡᠴᠡᠭᠡᠨ ᠳ᠋ᠦ᠍ ᠲᠡᠷᠡ ᠳᠤᠮᠳᠠᠳᠤ ᠬᠦᠩ ᠦ᠋ᠨ ᠠᠮᠪᠠᠨ ᠪᠠᠪᠤᠤ ᠶ᠋ᠢᠨ ᠪᠣᠰᠤᠭᠠ ᠵᠠᠨᠠ ᠶ᠋ᠢ ᠬᠤᠰᠤᠮ ᠦᠭᠡᠢ ᠬᠣᠰᠣᠴᠢᠬᠠᠭᠳᠠᠭ ᠰᠠᠢᠨ ᠡᠷᠡ ᠪᠠᠢᠨᠠ ᠰᠢᠳᠡ! ᠮᠥᠨ᠂ ᠶᠠᠭ ᠮᠥᠨ ᠪᠠᠢᠨᠠ!
— ᠡᠨᠡ ᠬᠡᠨ ᠦ᠌ ᠬᠦᠦ ᠪᠣᠢ?
— ᠠ ᠲᠡᠷᠡ ᠬᠠᠷᠢᠨ ᠪᠤᠤ ᠮᠡᠳᠡ ᠠ᠋ !
— ᠠᠭᠤᠯᠠ ᠶ᠋ᠢᠨ ᠠᠷᠤ ᠶ᠋ᠢᠨ ᠪᠠᠶᠠᠨ ᠰᠤᠩᠷᠠᠢ ᠶ᠋ᠢᠨ ᠦᠬᠡᠷ ᠦ᠋ᠨ ᠬᠥᠮᠦᠨ ᠭᠡᠰᠡᠨ ᠳᠡ !
— ᠰᠠᠢᠨ ᠪᠥᠬᠡ ᠪᠣᠯᠬᠤ ᠴᠢᠷᠠᠢ !
ᠡᠷᠲᠡ ᠤᠵᠠᠭᠤᠷ ᠲᠤ᠌ ᠡᠨᠡ ᠵᠡᠭᠦᠨ ᠥᠪᠥᠷ ᠪᠤᠷᠬᠠᠲᠤ ᠶ᠋ᠢᠨ ᠡᠩᠭᠡᠷ ᠲᠦ᠍ ᠪᠥᠬᠡ ᠦᠷᠡᠵᠠ ᠭᠡᠳᠡᠭ ᠮᠤᠨᠳᠠᠭ ᠲᠡᠩᠬᠡᠭᠡ ᠲᠡᠢ ᠰᠠᠢᠨ ᠡᠷᠡ ᠪᠠᠢᠵᠢ ᠭᠡᠨᠡ᠃ ᠬᠠᠷᠢ ᠬᠥᠨᠳᠡᠯᠡᠨ ᠬᠣᠰᠢᠭᠤ᠂ ᠶᠡᠬᠡ ᠪᠠᠭᠠ ᠨᠠᠭᠠᠳᠤᠮ ᠴᠢᠭᠤᠯᠭᠠᠨ ᠳ᠋ᠤ᠌ ᠠᠪᠤᠷᠭᠤᠯᠠᠵᠤ᠂ ᠨᠠᠭᠠᠳᠤᠮᠴᠢ ᠣᠯᠠᠨ ᠤ᠋ ᠱᠠᠭᠰᠢᠯ ᠢ᠋ᠶ᠋ᠠᠷ ᠮᠢᠯᠢᠶᠠᠯᠭᠠᠵᠤ ᠯᠠ ᠶᠠᠪᠤᠬᠤ ᠠ᠋ᠴᠠ ᠪᠢᠰᠢ ᠪᠥᠬᠡ ᠶ᠋ᠢᠨ ᠮᠥᠷᠥᠢ ᠳ᠋ᠦ᠍ ᠰᠢᠷᠦᠶᠢᠳᠤᠬᠤ ᠶ᠋ᠢ ᠮᠡᠳᠡᠳᠡᠭ ᠦᠭᠡᠢ ᠭᠡᠨᠡ᠃ ᠲᠡᠷᠡ ᠪᠡᠷ ᠥᠯᠥᠰᠪᠡᠯ ᠲᠥᠯᠥᠭᠡᠨ ᠬᠣᠨᠢ ᠶ᠋ᠢ ᠪᠠᠷᠤᠭ ᠭᠠᠭᠴᠠᠭᠠᠷ ᠱᠤᠯᠤᠴᠢᠬᠠᠭᠳᠠᠭ᠂ ᠨᠢᠭᠡ ᠦᠬᠡᠷ ᠦ᠋ᠨ ᠡᠪᠴᠢᠭᠦᠦ᠂ ᠬᠠ ᠳᠥᠷᠪᠡᠨ ᠥᠨᠳᠥᠷ ᠲᠡᠢ ᠨᠢ ᠢᠳᠡᠴᠢᠬᠡᠭᠡᠳ 《ᠵᠠ᠂ ᠶᠠᠭᠠᠬᠢᠬᠤ ᠪᠣᠢ 》 ᠭᠡᠳ ᠰᠠᠨᠠᠭᠠ ᠳᠤᠨᠳᠠᠭᠤᠷ ᠶᠠᠪᠤᠭᠠᠳ ᠥᠭᠳᠡᠭ ᠭᠡᠰᠡᠨ᠃
ᠨᠢᠭᠡ ᠵᠢᠯ ᠦ᠋ᠨ ᠨᠠᠮᠤᠷ ᠲᠡᠭᠷᠢ ᠰᠦᠷᠡᠬᠡᠢ ᠭᠠᠩᠳᠠᠵᠠᠢ᠃ ᠠᠳᠠ ᠠ᠋ᠴᠠ ᠨᠡᠭᠦᠬᠦ ᠦᠭᠡᠢ ᠪᠣᠯ ᠬᠡᠳᠦᠨ ᠬᠣᠨᠢᠳ ᠨᠢ ᠡᠪᠦᠯ ᠲᠤᠭᠤᠯᠵᠤ ᠳᠡᠢᠯᠬᠦ ᠦᠭᠡᠢ ᠪᠣᠯᠬᠣᠷ ᠪᠥᠬᠡ ᠦᠷᠡᠵᠠ ᠨᠠᠰᠤᠲᠠᠢ ᠡᠵᠢ ᠲᠡᠢ ᠪᠡᠨ ᠬᠣᠶᠠᠭᠤᠯᠠ ᠨᠡᠭᠦᠬᠦ ᠲᠤᠬᠠᠢ ᠵᠥᠪᠳᠡᠵᠦ ᠣᠢᠷᠠ ᠣᠷᠴᠢᠮ ᠳ᠋ᠠᠭᠠᠨ ᠨᠡᠷᠡᠲᠡᠢ ᠪᠠᠶᠠᠨ ᠠᠢᠯ ᠠ᠋ᠴᠠ ᠨᠢᠭᠡ ᠲᠡᠮᠡᠭᠡ ᠭᠤᠶᠤᠵᠤ ᠣᠯᠤᠭᠠᠳ ᠨᠡᠭᠦᠶᠡ ᠳᠡ ᠭᠡᠵᠡᠢ᠃
ᠪᠥᠬᠡ ᠦᠷᠡᠵᠠ ᠭᠡᠷ ᠲᠡᠷᠭᠡ ᠪᠡᠨ ᠪᠠᠭᠤᠯᠭᠠᠵᠤ᠂ ᠶᠠᠭᠤᠮᠠ ᠭᠡᠮᠡ ᠪᠡᠨ ᠪᠠᠭᠯᠠᠨ ᠠᠴᠢᠶᠠ ᠬᠥᠰᠬᠡ ᠪᠡᠨ ᠪᠡᠯᠡᠳᠬᠡᠵᠦ᠂ ᠨᠠᠰᠤᠲᠠᠢ ᠡᠵᠢ ᠨᠢ ᠲᠡᠷᠡ ᠪᠠᠶᠠᠨ ᠠᠢᠯ ᠳ᠋ᠤ᠌ ᠣᠴᠢᠵᠤ᠄《ᠣᠲᠣᠷ ᠨᠡᠭᠦᠳᠡᠯ ᠳ᠋ᠡᠭᠡᠨ ᠶᠠᠭᠤᠮᠠ ᠬᠣᠮ ᠠᠴᠢᠶᠠᠯᠠᠬᠤ ᠨᠢᠭᠡ ᠲᠡᠮᠡᠭᠡ ᠬᠠᠢᠷᠠᠯᠠᠵᠤ ᠥᠭᠭᠦᠨᠡ ᠦᠤ ? ᠡᠵᠡᠨ ᠪᠠᠶᠠᠨ ᠮᠢᠨᠢ᠂ ᠥᠷᠥᠰᠢᠶᠡᠵᠦ ᠬᠠᠢᠷᠠᠯᠠᠭᠠᠴᠢ !》 ᠭᠡᠵᠢ ᠭᠡᠨᠡ᠃ ᠲᠡᠷᠡ ᠪᠠᠶᠠᠨ ᠠᠢᠯ ᠨᠢ ᠡᠳ᠋ ᠠᠭᠤᠷᠠᠰᠤ᠂ ᠠᠳᠤᠭᠤ ᠮᠠᠯ ᠢ᠋ᠶ᠋ᠠᠷ ᠭᠠᠵᠠᠷ ᠪᠠᠭᠲᠠᠬᠤ ᠦᠭᠡᠢ ᠪᠠᠶᠠᠨ ᠪᠣᠯᠪᠠᠴᠤ ᠬᠣᠷᠭᠣᠰᠣ ᠪᠠᠨ ᠬᠠᠲᠠᠭᠠᠵᠤ ᠬᠠᠳᠠᠭᠠᠯᠠᠮᠠᠷ ᠨᠢᠳᠦ ᠰᠡᠳᠬᠢᠯ ᠬᠣᠶᠠᠷ ᠨᠢ ᠬᠡᠵᠢᠶᠡᠳᠡ ᠪᠡᠨ ᠥᠯᠥᠨ ᠪᠠᠢᠳᠠᠭ ᠬᠥᠮᠦᠨ ᠪᠠᠢᠵᠠᠢ ᠃ ᠲᠡᠷᠡ ᠪᠠᠶᠠᠨ ᠪᠥᠬᠡ ᠦᠷᠡᠵᠠ ᠶ᠋ᠢᠨ ᠡᠵᠢ ᠶ᠋ᠢ ᠨᠢ ᠬᠠᠷᠠᠭᠠᠳ ᠲᠣᠭᠣᠵᠤ ᠶᠠᠳᠠᠨ ᠬᠡᠰᠡᠭ ᠪᠣᠳᠣᠯᠭᠠᠰᠢᠷᠠᠵᠤ ᠦᠭᠡ ᠳᠠᠭᠤᠨ ᠦᠭᠡᠢ ᠲᠦᠩᠰᠣᠢᠨᠠ᠃ ᠪᠥᠬᠡ ᠦᠷᠡᠵᠠ ᠶ᠋ᠢᠨ ᠡᠵᠢ ᠲᠡᠷᠡ ᠪᠠᠶᠠᠨ ᠤ᠋ ᠬᠡᠭᠵᠡᠢᠭᠰᠡᠨ ᠴᠢᠷᠠᠢ ᠶ᠋ᠢ ᠬᠠᠷᠠᠬᠤ ᠳ᠋ᠤ᠌ 《ᠬᠠᠮᠢᠭᠠ ᠪᠠᠢᠭᠰᠠᠨ ᠴᠢᠮᠠ ᠳ᠋ᠤ᠌ ᠥᠭᠳᠡᠭ ᠢᠯᠡᠭᠦᠦ ᠳ᠋ᠡᠭᠡᠨ ᠭᠠᠷᠤᠭᠰᠠᠨ ᠲᠡᠮᠡᠭᠡ ᠪᠣᠢ ? ᠶᠠᠪᠤ᠂ ᠴᠠᠭᠠᠰᠢ ᠪᠠᠨ ? 》 ᠭᠡᠵᠦ ᠬᠡᠯᠡᠬᠦ ᠯᠠ ᠳᠤᠲᠠᠭᠤᠳᠠᠵᠤ ᠪᠠᠢᠪᠠ᠃ ᠲᠡᠭᠡᠬᠦ ᠳ᠋ᠦ᠍ ᠲᠡᠷᠡ ᠪᠠᠶᠠᠨ ᠪᠠᠷᠠᠭᠤᠨ ᠬᠦᠩ ᠪᠠᠢᠳᠤᠭᠠᠢ᠂ ᠬᠠᠷᠢ ᠬᠣᠰᠢᠭᠤ ᠬᠣᠯᠠ ᠨᠤᠲᠤᠭ ᠲᠤ᠌ ᠴᠤ᠌ ᠨᠡᠷᠡ ᠴᠤᠤ ᠮᠠᠨᠳᠤᠭᠰᠠᠨ ᠪᠥᠬᠡ ᠦᠷᠡᠵᠠ ᠶ᠋ᠢ ᠪᠢᠰᠢᠷᠡᠵᠦ ᠰᠦᠷᠳᠡᠬᠦ ᠲᠤᠯᠠ ᠭᠡᠷ ᠦ᠋ᠨ ᠡᠵᠡᠭᠲᠡᠢ ᠳ᠋ᠡᠭᠡᠨ 《ᠨᠢᠭᠡ ᠲᠡᠮᠡᠭᠡ ᠠᠷᠭᠠᠯᠠᠭᠠᠳ ᠥᠭᠴᠢᠬᠡ》 ᠭᠡᠵᠡᠢ᠃ ᠭᠡᠷ ᠦ᠋ᠨ ᠡᠵᠡᠭᠲᠡᠢ ᠨᠢ ᠲᠡᠭᠦᠨ ᠳ᠋ᠦ᠍ ᠨᠢᠭᠡ ᠬᠥᠭᠰᠢᠨ ᠢᠩᠭᠡ ᠥᠭᠴᠡᠢ᠃ ᠨᠠᠮᠤᠷ ᠢ᠋ᠶ᠋ᠠᠷ ᠨᠣᠣᠰᠣ ᠨᠢ ᠳᠠᠭᠠᠬᠢᠷᠠᠭᠰᠠᠨ ᠲᠠᠷ ᠦᠭᠡᠢ ᠮᠠᠭᠤ ᠢᠩᠭᠡ ᠪᠠᠢᠯᠠ᠃ ᠬᠥᠲᠥᠯᠦᠭᠡᠳ ᠶᠠᠪᠤᠬᠤ ᠳ᠋ᠤ᠌ ᠪᠣᠷᠪᠢ ᠪᠠᠷ ᠢ᠋ᠶ᠋ᠠᠨ ᠲᠠᠮᠤᠯᠳᠤᠨ ᠭᠣᠰᠢᠷᠠᠵᠤ ᠪᠠᠢᠪᠠ᠃
ᠪᠥᠬᠡ ᠦᠷᠡᠵᠠ ᠡᠨᠡ ᠲᠠᠷᠳᠠᠭᠰᠠᠨ ᠬᠥᠭᠰᠢᠨ ᠢᠩᠭᠡ ᠶ᠋ᠢ ᠬᠠᠷᠠᠭᠠᠳ᠂ 《ᠡᠨᠡ ᠬᠥᠭᠰᠢᠨ ᠢᠩᠭᠡ ᠪᠡᠷ ᠶᠠᠭᠠᠬᠢᠵᠤ ᠨᠡᠭᠦᠬᠦ ᠶᠦ᠍ᠮ ? 》 ᠭᠡᠰᠡᠨ ᠳ᠋ᠦ᠍ ᠡᠵᠢ ᠨᠢ ᠰᠠᠨᠳᠤᠷᠴᠤ᠄ 《ᠶᠠᠭᠠᠬᠢᠬᠤ ᠪᠣᠢ ᠳᠠ ! ᠬᠦᠦ ᠮᠢᠨᠢ ! ᠥᠪᠡᠷ ᠢ᠋ᠶ᠋ᠡᠨ ᠬᠥᠷᠥᠩᠭᠡ ᠦᠭᠡᠢ ᠶᠦ᠍ᠮ ᠴᠢᠨᠢ ᠬᠥᠮᠦᠨ ᠦ᠌ ᠴᠢᠷᠠᠢ ᠬᠠᠷᠠᠬᠤ ᠭᠡᠭᠴᠢ ᠡᠢᠮᠦ ᠯᠡ ᠰᠢᠦ ᠳᠡ᠃ ᠪᠠᠶᠠᠨ ᠬᠥᠮᠦᠨ ᠦ᠌ ᠲᠠᠷᠭᠤᠨ ᠨᠢᠳᠦᠨ ᠳ᠋ᠦ᠍ ᠪᠢᠳᠠᠨᠤᠰ ᠶᠠᠭᠠᠬᠢᠵᠤ ᠲᠣᠷᠬᠤ ᠪᠣᠢ ? ᠡᠨᠡ ᠬᠢᠷᠢᠲᠡᠢ ᠢᠩᠭᠡ ᠦᠭᠭᠦᠭᠰᠡᠨ ᠴᠢᠨᠢ ᠲᠡᠷᠡ ᠬᠠᠷᠠᠮᠴᠢ ᠪᠠᠶᠠᠨ ᠪᠢᠳᠡᠨᠦᠰ ᠲᠤ ᠶᠡᠬᠡ ᠲᠠᠯᠠ ᠬᠠᠷᠠᠯᠠ ᠭᠡᠰᠡᠨ ᠦᠭᠡ᠃ ᠠᠷᠭᠠᠯᠠᠭᠠᠳ ᠨᠡᠭᠦᠶᠡ ᠳᠡ ? ᠥᠭᠡᠷᠡ ᠶᠠᠭᠠᠬᠢᠨᠠ ᠪᠣᠢ ?》 ᠭᠡᠰᠡᠨ ᠳ᠋ᠦ᠍ ᠪᠥᠬᠡ ᠦᠷᠡᠵᠠ ᠡᠵᠢ ᠶ᠋ᠢᠨ ᠢ᠋ᠶ᠋ᠡᠨ ᠰᠠᠨᠠᠭᠠ ᠶ᠋ᠢ ᠣᠢᠯᠠᠭᠠᠵᠤ ᠥᠭᠡᠳᠡ ᠡᠴᠡ ᠨᠢ ᠶᠠᠭᠤ ᠴᠤ᠌ ᠳᠤᠤᠭᠠᠷᠤᠭᠰᠠᠨ ᠦᠭᠡᠢ᠃
ᠪᠥᠬᠡ ᠦᠷᠡᠵᠠ ᠠᠴᠢᠶᠠ ᠬᠥᠰᠬᠡ ᠪᠡᠨ ᠲᠢᠭ ᠲᠠᠭ ᠪᠠᠭᠯᠠᠵᠤ ᠮᠠᠭᠤ ᠪᠠᠮᠪᠠᠷᠴᠠᠭ ᠬᠠᠰᠠᠭ ᠲᠠᠭᠠᠨ ᠳᠡᠭᠡᠭᠡᠵᠦ᠂ ᠳᠡᠭᠡᠷᠡ ᠨᠢ ᠡᠵᠢ ᠪᠡᠨ ᠰᠠᠭᠤᠯᠭᠠᠨ ᠮᠠᠭᠤ ᠲᠠᠷ ᠦᠭᠡᠢ ᠬᠥᠭᠰᠢᠨ ᠢᠩᠭᠡ ᠶ᠋ᠢ ᠬᠠᠰᠠᠭ ᠲᠠᠢ ᠨᠢ ᠡᠭᠦᠷᠴᠦ ᠶᠠᠪᠤᠨ ᠬᠠᠷᠠᠮᠴᠢ ᠪᠠᠶᠠᠨ ᠤ᠋ ᠬᠠᠶᠠᠭᠠᠨ ᠳ᠋ᠤ᠌ ᠪᠠᠭᠤᠪᠠ᠃
ᠨᠢᠭᠡ ᠶᠡᠬᠡ ᠪᠠᠭᠯᠠᠷᠠᠭᠰᠠᠨ ᠡᠭᠦᠷᠭᠡ ᠲᠡᠭᠦᠷᠭᠡ ᠲᠡᠢ ᠬᠥᠮᠦᠨ ᠬᠠᠶᠠᠭᠠᠨ ᠳ᠋ᠤᠨᠢ ᠢᠷᠡᠬᠦ ᠳ᠋ᠦ᠍ ᠬᠠᠷᠠᠮᠴᠢ ᠪᠠᠶᠠᠨ ᠪᠥᠬᠡ ᠦᠷᠡᠵᠠ ᠮᠥᠨ ᠭᠡᠵᠦ ᠲᠠᠨᠢᠭᠠᠳ ᠭᠡᠷ ᠡᠴᠡ ᠪᠡᠨ ᠭᠠᠷᠬᠤ ᠠ᠋ᠴᠠ ᠠᠶᠤᠪᠠ ᠭᠡᠨᠡ᠃ ᠪᠥᠬᠡ ᠦᠷᠡᠵᠠ ᠥᠨᠥᠬᠢ ᠬᠥᠭᠰᠢᠨ ᠢᠩᠭᠡ ᠶ᠋ᠢ ᠨᠢ ᠬᠥᠲᠥᠯᠵᠦ ᠶᠠᠪᠤᠨ ᠱᠣᠩ ᠳᠡᠭᠡᠷᠡ ᠨᠢ ᠤᠶᠠᠵᠤ ᠣᠷᠬᠢᠭᠠᠳ ᠬᠤᠳᠳᠤᠭ ᠳᠡᠭᠡᠷᠡ ᠨᠢ ᠣᠴᠢᠵᠠᠢ᠃
ᠲᠡᠷᠡ ᠬᠠᠷᠠᠮᠴᠢ ᠪᠠᠶᠠᠨ ᠬᠣᠪᠣᠭᠣ ᠪᠠᠨ ᠬᠦᠷᠲᠡᠯᠡ ᠬᠤᠳᠳᠤᠭ ᠳᠡᠭᠡᠷᠡ ᠪᠡᠨ ᠲᠠᠯᠪᠢᠳᠠᠭ ᠦᠭᠡᠢ ᠭᠡᠷ ᠲᠡᠭᠡᠨ ᠬᠤᠷᠢᠶᠠᠳᠠᠭ ᠪᠠᠢᠵᠠᠢ᠃ ᠪᠥᠬᠡ ᠦᠷᠡᠵᠠ ᠡᠵᠢ ᠲᠡᠢ ᠪᠡᠨ ᠬᠣᠶᠠᠭᠤᠯᠠ ᠴᠠᠢ ᠴᠢᠨᠠᠵᠤ ᠤᠤᠭᠤᠬᠤ ᠶᠤᠮᠰᠠᠨ ᠭᠡᠰᠡᠨ ᠳ᠋ᠦ᠍ ᠬᠣᠪᠣᠭᠣ ᠦᠭᠡᠢ ᠬᠣᠭᠣᠰᠣᠨ ᠬᠤᠳᠳᠤᠭ ᠰᠠᠬᠢᠭᠠᠳ ᠬᠡᠰᠡᠭ ᠠᠷᠭᠠ ᠶᠠᠳᠠᠪᠠ᠃ ᠪᠥᠬᠡ ᠦᠷᠡᠵᠠ ᠡᠭᠦᠳᠡᠨ ᠳ᠋ᠦ᠍ ᠣᠴᠢᠵᠤ᠄《ᠬᠣᠪᠣᠭᠣ ᠪᠠᠨ ᠵᠢᠭᠡᠯᠡᠵᠦ ᠥᠭᠭᠦᠨᠡ ᠤᠤ?》 ᠭᠡᠵᠦ ᠭᠤᠶᠤᠭᠰᠠᠨ ᠳ᠋ᠤ᠌ ᠬᠠᠷᠠᠮᠴᠢ ᠪᠠᠶᠠᠨ ᠪᠥᠬᠡ ᠦᠷᠡᠵᠠ ᠶ᠋ᠢ ᠬᠠᠷᠠᠭᠠᠳ ᠠᠶᠤᠬᠤ ᠳ᠋ᠠᠭᠠᠨ ᠰᠠᠨᠳᠤᠷᠴᠤ ᠬᠣᠪᠣᠭᠣ ᠪᠠᠨ ᠭᠠᠷᠭᠠᠵᠤ ᠥᠭᠬᠦ ᠭᠡᠰᠡᠨ ᠳ᠋ᠦ᠍ ᠭᠡᠷ ᠦ᠋ᠨ ᠡᠵᠡᠭᠲᠡᠢ ᠨᠢ ᠄《ᠶᠠᠭᠤ ᠭᠡᠵᠦ ᠲᠡᠭᠦᠨ ᠳ᠋ᠦ᠍ ᠬᠣᠪᠣᠭᠣ ᠪᠠᠨ ᠵᠢᠭᠡᠯᠡᠵᠦ ᠥᠭᠭᠦᠨᠡ ᠪᠣᠢ ! ᠮᠠᠨ ᠤ᠋ ᠬᠣᠪᠣᠭᠣ ᠣᠭᠣᠰᠣᠷ ᠨᠢ ᠲᠠᠰᠤᠷᠠᠴᠢᠬᠠᠭᠰᠠᠨ ᠬᠣᠪᠣᠭᠣ ᠡᠯᠡᠭᠳᠡᠴᠢᠬᠡᠨᠡ 》 ᠭᠡᠳ ᠬᠣᠪᠣᠭᠣ ᠪᠠᠨ ᠵᠢᠭᠡᠯᠡᠭᠦᠯᠵᠦ ᠦᠭᠭᠦᠭᠰᠡᠨ ᠦᠭᠡᠢ᠃ ᠪᠥᠬᠡ ᠦᠷᠡᠵᠠ ᠠᠭᠤᠷ ᠨᠢ ᠬᠦᠷᠴᠦ᠄《ᠬᠤᠳᠳᠤᠭ ᠤ᠋ᠨ ᠬᠠᠷᠠ ᠤᠰᠤ ᠶ᠋ᠢ ᠬᠠᠷᠠᠮᠨᠠᠭᠰᠠᠨ ᠮᠠᠭᠤ ᠬᠠᠷᠠᠮᠴᠢ ᠪᠠᠶᠠᠨ ᠪᠠᠢᠵᠠ ᠴᠢᠮᠠᠶ᠋ᠢ!》 ᠭᠡᠳ ᠠᠴᠢᠶᠠ ᠬᠥᠰᠬᠡ ᠪᠡᠨ ᠡᠭᠦᠷᠦᠭᠡᠳ ᠴᠢᠨᠠᠭᠰᠢ ᠶᠠᠪᠤᠵᠠᠢ᠃ ᠨᠡᠯᠢᠶᠡᠳ ᠶᠠᠪᠤᠵᠤ ᠪᠠᠢᠲᠠᠯᠠ ᠲᠠᠯᠠ ᠳᠡᠭᠡᠷᠡ ᠬᠠᠨᠠᠨ ᠴᠢᠨᠡᠭᠡ ᠪᠦᠳᠦᠭᠦᠨ ᠬᠠᠪᠲᠠᠭᠠᠢ ᠴᠢᠯᠠᠭᠤ ᠪᠠᠢᠭᠰᠠᠨ ᠢ᠋ ᠣᠯᠵᠤ ᠦᠵᠡᠭᠡᠳ ᠲᠡᠷᠡ ᠬᠠᠪᠲᠠᠭᠠᠢ ᠴᠢᠯᠠᠭᠤ ᠶ᠋ᠢ ᠡᠭᠦᠷᠴᠦ ᠢᠷᠡᠭᠡᠳ ᠬᠠᠷᠠᠮᠴᠢ ᠪᠠᠶᠠᠨ ᠤ᠋ ᠬᠤᠳᠳᠤᠭ ᠢ᠋ ᠨᠢ ᠲᠠᠭᠯᠠᠵᠤ ᠬᠠᠶᠠᠪᠠ ᠭᠡᠳᠡᠭ᠃
— ᠠ᠂ ᠡᠨᠡ ᠴᠦ᠍ ᠶᠣᠰᠣᠲᠠᠢ ᠪᠥᠬᠡ ᠦᠷᠡᠵᠠ ᠮᠠᠨᠳᠤᠵᠠᠢ ᠠ᠋! ᠭᠡᠵᠦ ᠮᠥᠷᠭᠥᠯᠴᠢᠳ ᠨᠠᠭᠠᠳᠤᠮᠴᠢᠳ ᠭᠠᠢᠬᠠᠰᠢ ᠠᠯᠲᠠᠨ ᠱᠤᠤᠭᠢᠯᠳᠤᠨᠠ᠃
ᠵᠡᠷᠯᠢᠭ ᠬᠠᠷᠠ ᠪᠤᠬᠠ ᠲᠡᠷᠡ ᠪᠣᠷᠣ ᠬᠦᠦ ᠶ᠋ᠢᠨ ᠭᠠᠷ ᠲᠤ᠌ ᠨᠣᠮᠣᠬᠠᠷᠠᠵᠤ ᠬᠥᠯ ᠨᠢ ᠳᠠᠭᠵᠢᠨ ᠬᠥᠬᠡ ᠮᠢᠬᠠ ᠨᠢ ᠴᠡᠴᠠᠷᠭᠠ᠃ ᠡᠨᠡ ᠦᠶᠡ ᠳ᠋ᠦ᠍ ᠲᠠᠬᠢᠯᠭᠠ ᠶ᠋ᠢᠨ ᠳᠠᠭᠠᠭᠠᠮᠠᠯ ᠪᠠ ᠬᠡᠳᠦᠨ ᠯᠠᠮᠠ ᠰᠠᠩ ᠤᠭᠤᠭᠢᠭᠤᠯᠵᠤ ᠪᠤᠮᠪᠠ ᠲᠠᠢ ᠷᠠᠰᠢᠶᠠᠨ ᠢ᠋ᠶ᠋ᠠᠷ ᠪᠤᠬᠠᠨ ᠤ᠋ ᠡᠪᠡᠷ ᠲᠣᠯᠣᠭᠠᠢ ᠬᠦᠵᠦᠭᠦᠦ ᠰᠡᠭᠡᠷ ᠡᠴᠡ ᠠᠪᠤᠭᠠᠳ ᠨᠢᠷᠤᠭᠤ ᠬᠣᠨᠳᠣᠯᠠᠢ ᠶ᠋ᠢ ᠠᠷᠢᠭᠤᠯᠠᠨ ᠷᠠᠰᠢᠶᠠᠯᠠᠵᠤ 《ᠣᠮ ᠠ᠋ ᠬᠣᠩ ᠂ ᠣᠮ ᠠ᠋ ᠬᠣᠩ ᠁ 》 ᠭᠡᠰᠡᠨ ᠳ᠋ᠦ᠍ ᠬᠠᠷᠠ ᠪᠤᠬᠠᠨ ᠤ᠋ ᠨᠢᠳᠦ ᠨᠢ ᠭᠥᠯᠢᠷᠡᠨ ᠲᠡᠭᠷᠢ ᠬᠠᠨᠳᠤᠨ ᠲᠠᠢᠪᠤᠩ ᠪᠠᠢᠳᠠᠯ ᠲᠠᠢ ᠪᠣᠯᠪᠠ᠃ ᠲᠡᠷᠡᠬᠡᠨ ᠵᠠᠭᠤᠷᠠ ᠰᠡᠷᠳ᠋ ᠬᠢᠨ ᠬᠢᠲᠤᠭᠠ ᠬᠤᠢ ᠠ᠋ᠴᠠ ᠰᠤᠭᠤᠷᠠᠬᠤ ᠬᠦᠢᠲᠡᠨ ᠳᠠᠭᠤᠨ ᠳ᠋ᠤ᠌ ᠬᠠᠷᠠ ᠪᠤᠬᠠ ᠰᠣᠴᠢᠨ ᠡᠷᠭᠢᠵᠦ ᠪᠣᠷᠣ ᠬᠦᠦ ᠶ᠋ᠢ ᠳᠠᠭᠠᠷᠢᠨ ᠮᠥᠷᠭᠥᠪᠡ᠃
— ᠠᠶᠠ᠂ ᠢᠯᠡᠢ ᠠ᠋ ! ᠭᠡᠬᠦ ᠳᠠᠭᠤᠨ ᠳ᠋ᠤ᠌ ᠬᠥᠮᠦᠰ ᠦ᠋ᠨ ᠨᠢᠳᠦ ᠬᠠᠯᠢᠷᠠᠵᠤ ᠬᠠᠷᠠᠴᠠ ᠪᠤᠷᠣᠭᠤᠯᠨᠠ᠃ ᠲᠡᠷᠡ ᠪᠣᠷᠣ ᠬᠦᠦ ᠶ᠋ᠢᠨ ᠱᠠᠯᠠᠮᠠᠭᠠᠢ ᠬᠥᠳᠡᠯᠦᠯ ᠳ᠋ᠦ᠍ ᠬᠠᠷᠠ ᠪᠤᠬᠠ ᠮᠠᠭᠤᠬᠠᠢ ᠣᠷᠢᠯᠠᠨ ᠴᠣᠷᠣᠢᠨ ᠪᠣᠰᠪᠠ ᠁ ᠰᠢᠯᠢᠨ ᠡᠴᠡ ᠨᠢ ᠴᠣᠷᠭᠢᠭᠰᠠᠨ ᠬᠠᠷᠠ ᠴᠢᠰᠤ ᠬᠣᠰᠢᠭᠤ ᠣᠪᠣᠭᠠᠨ ᠤ᠋ ᠬᠠᠷᠠ ᠠᠯᠠᠭ ᠰᠦᠯᠳᠡ ᠶ᠋ᠢ ᠰᠦᠷᠴᠢᠨ ᠪᠣᠳᠣᠵᠠᠢ᠃ ᠮᠥᠷᠭᠥᠯᠴᠢᠳ ᠨᠠᠮ ᠵᠢᠮ ᠪᠣᠯᠵᠤ᠂ ᠣᠪᠣᠭᠠᠨ ᠤ᠋ ᠰᠦᠯᠳᠡ ᠶ᠋ᠢᠨ ᠣᠷᠣᠢ ᠳ᠋ᠤ᠌ ᠣᠩᠭᠣᠳ ᠪᠠᠭᠤᠭᠰᠠᠨ ᠰᠢᠭ᠋ ᠣᠷᠴᠢᠨ ᠲᠣᠭᠣᠷᠢᠨ ᠣᠨᠴᠠ ᠢᠯᠢᠮ ᠢᠯᠢᠮ ? ᠲᠠᠬᠢᠯᠭᠠ ᠶ᠋ᠢᠨ ᠯᠠᠮᠠ ᠨᠠᠷ᠄
ᠰᠠᠨᠠᠭᠰᠠᠨ ᠢ᠋ ᠮᠢᠨᠢ ᠭᠦᠢᠴᠡᠳᠬᠡᠭᠴᠢ
ᠰᠠᠬᠢᠭᠤᠯᠰᠤᠨ ᠴᠢᠮᠠ ᠳ᠋ᠠᠭᠠᠨ
ᠰᠠᠬᠢᠭᠤᠰᠤ ᠡᠵᠡᠨ ᠲᠡᠭᠷᠢ
ᠯᠤᠤᠰ ᠤ᠋ᠨ ᠬᠠᠭᠠᠨ ᠳ᠋ᠤ᠌
ᠰᠦᠰᠦᠭᠲᠦ ᠰᠡᠳᠬᠢᠯ ᠢ᠋ᠶ᠋ᠡᠷ ᠢ᠋ᠶ᠋ᠡᠨ
ᠠᠷᠢᠭᠤᠨ ᠮᠠᠭᠲᠠᠭᠠᠯ ᠢ᠋ᠶ᠋ᠠᠨ ᠡᠷᠭᠦᠨᠡᠮ
ᠰᠠᠴᠤᠯᠢ ᠲᠠᠬᠢᠯᠭᠠ ᠮᠠᠭᠲᠠᠭᠠᠯ ᠢ᠋ ᠮᠢᠨᠢ ᠬᠦᠯᠢᠶᠡᠵᠦ
ᠰᠡᠳᠬᠢᠯ ᠦ᠋ᠨ ᠮᠢᠨᠢ ᠬᠠᠨᠢ ᠪᠣᠯᠤᠨ ᠰᠣᠶᠣᠷᠬᠠ
ᠠᠷᠢᠭᠤᠨ ᠲᠠᠬᠢᠯᠭᠠ ᠪᠠᠨ ᠡᠷᠭᠦᠭᠰᠡᠨ ᠪᠣᠯᠭᠠᠨ ᠢ᠋
ᠠᠯᠢ ᠭᠠᠵᠠᠷ ᠪᠠᠢᠭᠰᠠᠨ ᠴᠤ᠌
ᠠᠶᠤᠯᠲᠤ ᠡᠪᠡᠳᠴᠢᠨ ᠲᠠᠬᠤᠯ
ᠡᠨᠳᠡ ᠴᠢᠳᠬᠥᠷ ᠡᠴᠡ ᠵᠠᠢᠯᠠᠭᠤᠯᠤᠨ ᠰᠣᠶᠣᠷᠬᠠ
ᠠᠮᠢᠯᠠᠯ ᠤ᠋ᠨ ᠬᠦᠴᠦ ᠂ ᠡᠳ᠋ ᠠᠭᠤᠷᠠᠰᠤᠨ
ᠡᠩᠬᠡ ᠵᠢᠷᠭᠠᠯ ᠬᠦᠷᠲᠡᠭᠡᠨ ᠰᠣᠶᠣᠷᠬᠠ
ᠬᠠᠯᠳᠠᠨ ᠢᠷᠡᠬᠦ ᠠᠳᠠ ᠴᠢᠳᠬᠥᠷ
ᠬᠠᠷᠢ ᠶ᠋ᠢᠨ ᠲᠠᠢᠰᠤᠨ ᠢ᠋ ᠵᠠᠢᠯᠠᠭᠤᠯᠵᠤ
ᠬᠠᠯᠠᠭᠤᠨ ᠲᠣᠮᠣᠭᠣ ᠬᠢᠵᠢᠭ ᠲᠠᠬᠤᠯ ᠢ᠋
ᠬᠡᠵᠢᠶᠡᠳᠡ ᠠᠷᠢᠯᠭᠠᠨ ᠰᠣᠶᠣᠷᠬᠠ
ᠰᠦᠷᠦᠭ ᠲᠦ᠍ ᠣᠷᠣᠬᠤ ᠥᠯᠥᠨ ᠴᠢᠨᠣᠠ ᠶ᠋ᠢ ᠬᠠᠰᠢᠵᠤ
ᠰᠥᠷᠭᠡᠦ ᠳᠡᠭᠡᠷᠡᠮ ᠠᠶᠤᠯᠲᠤ ᠬᠤᠯᠠᠭᠠᠢ ᠶ᠋ᠢ ᠵᠠᠢᠯᠠᠭᠤᠯᠤᠨ ᠰᠣᠶᠣᠷᠭᠠ
ᠮᠥᠨᠳᠥᠷ ᠭᠠᠩ ᠰᠠᠯᠬᠢ ᠰᠢᠭᠤᠷᠭᠠᠨ
ᠥᠯᠥᠰᠬᠦᠯᠡᠩ ᠵᠣᠪᠠᠯᠠᠩ ᠢ᠋ ᠵᠠᠢᠯᠠᠭᠤᠯᠤᠨ ᠰᠣᠶᠣᠷᠬᠠ ᠭᠡᠬᠦ ᠨᠣᠮ ᠤ᠋ᠨ ᠳᠠᠭᠤᠨ ᠪᠦᠪᠡᠢᠯᠡᠯ ᠦ᠋ᠨ ᠡᠬᠡᠰᠢᠭ ᠲᠡᠢ ᠰᠣᠨᠣᠰᠳᠠᠨᠠ ᠁
ᠣᠪᠣᠭᠠᠨ ᠤ᠋ ᠳᠠᠭᠠᠭᠠᠮᠠᠯ ᠪᠣᠯᠤᠨ ᠲᠠᠬᠢᠯᠭᠠ ᠶ᠋ᠢᠨ ᠶᠣᠰᠣᠨ ᠤ᠋ ᠭᠣᠣᠯ ᠬᠥᠮᠦᠰ ᠪᠤᠬᠠᠨ ᠤ᠋ ᠳᠥᠷᠪᠡᠨ ᠮᠥᠴᠢ᠂ ᠰᠡᠭᠡᠷ ᠲᠡᠢ ᠨᠢ ᠣᠪᠣᠭᠠᠨ ᠤ᠋ ᠰᠦᠯᠳᠡ ᠶ᠋ᠢᠨ ᠡᠮᠦᠨᠡ ᠭᠣᠣᠯ ᠲᠠᠬᠢᠯᠭᠠ ᠶ᠋ᠢᠨ ᠲᠠᠯᠪᠢᠭᠤᠷ ᠲᠤ᠌ ᠳᠠᠬᠢᠵᠤ᠂ ᠴᠢᠯᠠᠭᠤᠨ ᠬᠦᠯᠢᠰ ᠲᠦ᠍ ᠬᠦᠵᠢ ᠵᠤᠯᠠ ᠠᠰᠠᠭᠠᠭᠠᠳ ᠪᠤᠬᠠᠨ ᠤ᠋ ᠪᠥᠭᠡᠨᠰᠦᠭ ᠢ᠋ ᠬᠥᠪᠴᠢᠷᠬᠡᠢ ᠲᠡᠢ ᠨᠢ ᠣᠪᠣᠭᠠᠨ ᠤ᠋ ᠰᠦᠯᠳᠡ ᠶ᠋ᠢᠨ ᠢᠷᠣᠭᠠᠷ ᠲᠠᠬᠢ ᠪᠤᠷᠭᠠᠰᠤᠨ ᠤ᠋ ᠳᠣᠣᠷᠠ ᠠᠪᠠᠴᠢᠵᠤ ᠳᠠᠬᠢᠪᠠ᠃
ᠬᠠᠷᠠ ᠪᠤᠬᠠᠨ ᠤ᠋ ᠠᠷᠠᠰᠤ ᠶ᠋ᠢ ᠭᠤᠷᠪᠠᠨ ᠬᠤᠷᠤᠭᠤ ᠬᠢᠷᠢ ᠵᠦᠰᠦᠵᠦ ᠬᠣᠰᠢᠭᠤ ᠣᠪᠣᠭᠠ ᠶ᠋ᠢ ᠭᠤᠷᠪᠠ ᠪᠦᠰᠡᠯᠡᠨ ᠣᠷᠢᠶᠠᠵᠤ᠂ ᠮᠥᠷᠭᠥᠯᠴᠢᠳ᠂ ᠳᠠᠬᠢᠯᠭᠠᠴᠢᠳ ᠣᠪᠣᠭᠠᠨ ᠳ᠋ᠠᠭᠠᠨ ᠮᠥᠷᠭᠥᠭᠡᠳ ᠨᠠᠷᠠᠨ ᠵᠥᠪ ᠭᠤᠷᠪᠠᠨᠲᠠ ᠡᠷᠭᠢᠵᠦ᠂ ᠣᠪᠣᠭᠠᠨ ᠤ᠋ ᠰᠦᠯᠳᠡ ᠤᠷᠤᠭᠤ ᠲᠠᠪᠤᠨ ᠲᠠᠷᠢᠶᠠᠨ ᠤ᠋ ᠦᠷᠡ ᠪᠠ ᠪᠤᠰᠤᠳ ᠢᠳᠡᠭᠡᠨ ᠤᠮᠳᠠᠭᠠᠨ ᠤ᠋ ᠳᠡᠭᠡᠵᠢ ᠶ᠋ᠢ ᠰᠠᠴᠤᠯᠢ ᠡᠷᠭᠦᠨ ᠰᠠᠷᠵᠢᠮᠯᠠᠭᠠ᠃ ᠣᠪᠣᠭᠠᠨ ᠤ᠋ ᠨᠠᠢᠷ ᠲᠤ᠌ ᠬᠤᠷᠠᠭᠰᠠᠨ ᠬᠥᠮᠦᠰ ᠪᠠ ᠵᠠᠮ ᠤ᠋ᠨ ᠬᠥᠮᠦᠰ ᠬᠠᠮᠢᠶᠠ ᠭᠠᠵᠠᠷ ᠤ᠋ᠨ ᠴᠤ᠌ ᠬᠠᠮᠢᠭᠠ ᠦᠭᠡᠢ ᠤᠨᠤᠭᠠ ᠮᠣᠷᠢᠨ ᠠ᠋ᠴᠠ ᠪᠠᠨ ᠪᠠᠭᠤᠵᠤ ᠣᠪᠣᠭᠠᠨ ᠳ᠋ᠤ᠌ ᠲᠠᠬᠢᠯᠭᠠ ᠡᠷᠭᠦᠨ ᠮᠥᠷᠭᠥᠵᠡᠭᠡᠨᠡ᠃ ᠲᠡᠭᠡᠬᠦ ᠳ᠋ᠡᠭᠡᠨ ᠡᠮᠡ ᠬᠦᠢᠰᠦᠲᠡᠨ ᠬᠣᠯᠠ ᠡᠴᠡᠨ ᠣᠪᠣᠭᠠ ᠶ᠋ᠢ ᠰᠦᠵᠢᠭᠯᠡᠨ ᠮᠥᠷᠭᠥᠬᠦ ᠡᠴᠡ ᠪᠢᠰᠢ ᠬᠣᠰᠢᠭᠤ ᠣᠪᠣᠭᠠᠨ ᠤ᠋ ᠬᠠᠪᠢ ᠳ᠋ᠤ᠌ ᠬᠠᠪᠢᠳᠠᠳᠠᠭ ᠦᠭᠡᠢ ᠰᠠᠨᠵᠠᠢ᠃
ᠮᠥᠷᠭᠥᠯᠴᠢᠳ᠂ ᠳᠠᠬᠢᠯᠭᠠᠴᠢᠳ ᠱᠣᠷᠣᠯᠠᠭᠰᠠᠨ ᠪᠤᠬᠠᠨ ᠤ᠋ ᠮᠢᠬᠠᠨ ᠠ᠋ᠴᠠ ᠬᠥᠮᠦᠨ ᠪᠦᠭᠦᠳᠡ ᠱᠤᠷᠤᠯᠭᠠ ᠶ᠋ᠢᠨ ᠬᠡᠰᠢᠭ ᠬᠦᠷᠲᠡᠨᠡ᠃ ᠠᠳᠠ ᠲᠡᠨᠳᠡ ᠬᠠ ᠶᠠ ᠦᠭᠡᠢ ᠲᠦᠳᠡᠭ ᠳᠦᠷᠡᠯᠵᠡᠵᠦ᠂ ᠣᠪᠣᠭᠠ ᠲᠠᠬᠢᠯᠭᠠ ᠶ᠋ᠢᠨ ᠬᠥᠮᠦᠰ ᠬᠤᠪᠢᠳᠠᠭᠰᠠᠨ ᠱᠤᠷᠤᠯᠭᠠ ᠪᠠᠨ ᠭᠠᠯ ᠳ᠋ᠤ᠌ ᠰᠢᠷᠠᠵᠤ ᠬᠡᠩᠰᠢᠭᠦᠦ ᠬᠢᠷᠪᠤᠰᠤ ᠦᠨᠦᠷᠲᠦᠭᠦᠯᠦᠨᠡ ᠁
ᠦᠰᠦᠭ ᠠᠮᠢᠯᠠᠭᠤᠯᠤᠭᠰᠠᠨ ᠨᠢ᠄ ᠲᠤᠭᠴᠢ ᠰᠠᠷᠠᠨᠠ