ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠳᠣᠯᠣᠭ᠎ᠠ Үүрийн туяа III – Б ᠂ Ренчин Гуравдугаар дэвтэр "Баялдаж олсон эх орон"-7
ᠳᠣᠯᠣᠭ᠎ᠠ ᠂ ᠬᠡᠭᠡᠷ᠎ᠡ ᠲᠠᠯ᠎ᠠ ᠨᠣᠢᠷ ᠠ᠋ᠴᠠ ᠰᠡᠷᠢᠵᠡᠢ
ᠰᠢᠨ᠎ᠡ ᠶᠠᠭᠤᠮ᠎ᠠ ᠵᠤᠯᠠ ᠪᠣᠯᠤᠯ᠎ᠠ᠃
ᠠᠷᠠᠳ ᠤ᠋ᠨ ᠵᠦᠢᠷ ᠦᠭᠡ
ᠤᠷᠢᠳᠤ ᠡᠮᠦᠨ᠎ᠡ ᠦᠵᠡᠭᠳᠡᠭᠡ ᠦᠭᠡᠢ ᠰᠣᠨᠣᠰᠳᠠᠭ᠎ᠠ ᠦᠭᠡᠢ ᠶᠠᠭᠤᠮ᠎ᠠ᠂ ᠬᠥᠳᠡᠭᠡ ᠭᠠᠵᠠᠷ ᠦᠵᠡᠭᠳᠡᠨ ᠰᠣᠨᠣᠰᠳᠠᠬᠤ ᠪᠣᠯᠵᠠᠢ᠃ ᠠᠷᠠᠳ ᠤ᠋ᠨ ᠬᠤᠪᠢᠰᠬᠠᠯ ᠤ᠋ᠨ ᠪᠠᠢᠯᠳᠤᠨ ᠣᠯᠤᠭᠰᠠᠨ ᠡᠷᠬᠡ ᠴᠢᠯᠥᠭᠡ ᠶ᠋ᠢ ᠬᠠᠮᠠᠭᠠᠯᠠᠬᠤ ᠠᠷᠠᠳ ᠤ᠋ᠨ ᠬᠤᠪᠢᠰᠬᠠᠯᠲᠤ ᠪᠠᠢᠩᠭᠤ ᠴᠡᠷᠢᠭ ᠪᠣᠯᠤᠭᠰᠠᠨ᠂ ᠠᠷᠠᠳ ᠤ᠋ᠨ ᠵᠢᠷᠤᠮᠲᠤ ᠴᠡᠷᠢᠭ ᠡᠴᠡ ᠨᠤᠲᠤᠭ ᠲᠠᠭᠠᠨ ᠬᠠᠯᠠᠭᠳᠠᠵᠤ ᠡᠭᠡᠭᠰᠡᠨ ᠴᠡᠷᠢᠭ ᠪᠦᠷᠢ ᠥᠭᠡᠷ᠎ᠡ ᠬᠥᠮᠦᠨ ᠪᠣᠯᠵᠤ ᠪᠤᠴᠠᠵᠠᠭᠠᠳᠠᠭ ᠪᠣᠯᠤᠯ᠎ᠠ᠃
ᠰᠦᠬᠡᠪᠠᠭᠠᠲᠤᠷ ᠤ᠋ᠨ ᠴᠡᠷᠢᠭ ᠦ᠋ᠨ ᠮᠠᠯᠠᠭᠠᠢ ᠲᠠᠢ᠂ ᠨᠢᠭᠡᠨ ᠢᠵᠢᠯ ᠬᠥᠬᠡ ᠳᠠᠯᠢᠩ ᠲᠡᠷᠯᠢᠭ ᠲᠡᠢ ᠴᠡᠷᠢᠭ ᠦ᠋ᠨ ᠬᠥᠮᠦᠰ ᠨᠤᠲᠤᠭ ᠲᠠᠭᠠᠨ ᠪᠤᠴᠠᠬᠤ ᠳ᠋ᠠᠭᠠᠨ ᠬᠥᠳᠡᠭᠡ ᠭᠠᠵᠠᠷ ᠤᠷᠢᠳᠤ ᠡᠮᠦᠨ᠎ᠡ ᠦᠵᠡᠭᠳᠡᠭᠡ ᠦᠭᠡᠢ ᠰᠣᠨᠢᠨ ᠰᠡᠳᠬᠦᠯ᠂ ᠤᠬᠠᠭᠤᠯᠭ᠎ᠠ ᠵᠢᠷᠤᠭ᠂ ᠨᠣᠮ ᠳᠡᠪᠲᠡᠷ᠂ ᠮᠥᠨ ᠠᠦ᠋ᠲ᠋ᠣᠨᠣᠮᠢᠲᠤ ᠲᠥᠷᠥ ᠶ᠋ᠢᠨ ᠦᠶ᠎ᠡ ᠶ᠋ᠢᠨ ᠴᠡᠷᠢᠭ ᠦ᠋ᠨ ᠬᠡᠷᠡᠭᠯᠡᠵᠦ ᠪᠠᠢᠭᠰᠠᠨ ᠪᠢᠷᠳᠠᠩ ᠫᠤᠤ ᠶ᠋ᠢ ᠰᠤᠮᠤ ᠲᠠᠪᠢ ᠶ᠋ᠢᠨ ᠬᠠᠮᠲᠤᠪᠠᠷ ᠱᠠᠩᠨᠠᠯ ᠪᠣᠯᠭᠠᠵᠤ ᠠᠪᠴᠢᠷᠠᠬᠤ ᠶ᠋ᠢᠨ ᠬᠠᠵᠠᠭᠤ ᠪᠠᠷ ᠪᠠᠰᠠ ᠬᠠᠭᠤᠴᠢᠨ ᠥᠪᠡᠰᠦᠪᠡᠨ ᠵᠠᠰᠠᠬᠤ ᠮᠣᠩᠭᠣᠯ ᠤᠯᠤᠰ ᠤ᠋ᠨ ᠴᠡᠷᠢᠭ ᠦ᠋ᠨ ᠣᠭᠲᠣ ᠦᠵᠡᠭᠡ ᠦᠭᠡᠢ ᠶᠠᠭᠤᠮ᠎ᠠ ᠰᠤᠷᠴᠤ᠂ ᠤᠯᠤᠰ ᠲᠥᠷᠥ ᠶ᠋ᠢᠨ ᠬᠠᠲᠠᠭᠤᠵᠢᠯ ᠪᠣᠯᠪᠠᠰᠤᠷᠠᠯ ᠲᠠᠢ᠂ ᠠᠷᠠᠳ ᠤ᠋ᠨ ᠡᠷᠬᠡᠲᠦ ᠦᠵᠡᠯ ᠲᠡᠢ ᠪᠣᠯᠵᠤ᠂ ᠮᠣᠩᠭᠣᠯ ᠤ᠋ᠨ ᠣᠯᠠᠨ ᠲᠦᠮᠡᠨ ᠠᠷᠠᠳ ᠢ᠋ ᠵᠢᠷᠭᠠᠭᠤᠯᠵᠤ᠂ ᠡᠷᠬᠡ ᠴᠢᠯᠥᠭᠡ᠂ ᠲᠤᠰᠠᠭᠠᠷ ᠲᠣᠭᠲᠠᠨᠢᠬᠤ ᠪᠠᠢᠳᠠᠯ ᠢ᠋ ᠨᠢ ᠪᠠᠲᠤᠳᠬᠠᠬᠤ ᠭᠠᠭᠴᠠ ᠵᠠᠰᠠᠭ ᠨᠢ ᠳᠠᠷᠤᠢ ᠠᠷᠠᠳ ᠤ᠋ᠨ ᠨᠠᠮ ᠢ᠋ᠶ᠋ᠠᠷ ᠤᠳᠤᠷᠢᠳᠤᠭᠤᠯᠤᠭᠰᠠᠨ ᠠᠷᠠᠳ ᠤ᠋ᠨ ᠡᠷᠬᠡᠲᠦ ᠵᠠᠰᠠᠭ ᠮᠥᠨ ᠭᠡᠵᠦ ᠪᠠᠲᠤᠳᠠ ᠢᠳᠡᠭᠡᠨ ᠪᠠᠷᠢᠮᠲᠠᠯᠠᠳᠠᠭ ᠤᠯᠤᠰ ᠲᠥᠷᠥ ᠶ᠋ᠢᠨ ᠦᠵᠡᠯ ᠲᠡᠢ ᠬᠥᠮᠦᠨ ᠪᠣᠯᠵᠤ ᠪᠤᠴᠠᠳᠠᠭ ᠪᠠᠢᠵᠠᠢ᠃ ᠴᠡᠷᠢᠭ ᠲᠦ᠍ ᠮᠣᠷᠳᠠᠬᠤ ᠶ᠋ᠢᠨ ᠡᠮᠦᠨ᠎ᠡ ᠤᠷᠢᠳᠤ ᠨᠤᠲᠤᠭ ᠲᠠᠭᠠᠨ ( ᠲᠤ ᠪᠠᠨ) ᠪᠠᠢᠬᠤ ᠦᠶᠡᠰ ᠪᠣᠳ᠋ᠳ᠋ᡁᠠ ᠶ᠋ᠢᠨ ᠱᠠᠰᠢᠨ ᠤ᠋ ᠠᠪᠢᠳ᠋ᠠᠷᠮᠠ ᠶ᠋ᠢᠨ ᠶᠣᠰᠣᠨ ᠤ᠋ * ᠰᠤᠷᠭᠠᠯ ᠢ᠋ ᠦᠬᠦᠰᠢᠷᠡᠲᠡᠯ᠎ᠡ ᠪᠠᠷᠢᠮᠲᠠᠯᠠᠨ᠂ ᠬᠡᠢ ᠶ᠋ᠢᠨ ᠳᠡᠭᠡᠷ᠎ᠡ ᠤᠰᠤᠨ ᠤ᠋ ᠬᠣᠲᠠ ᠮᠠᠨᠳᠠᠯ ᠲᠣᠭᠲᠠᠵᠤ᠂ ᠲᠡᠭᠦᠨ ᠦ᠌ ᠳᠡᠭᠡᠷ᠎ᠡ ᠠᠯᠲᠠᠨ ᠬᠣᠲᠠ ᠮᠠᠨᠳᠠᠯ ᠲᠣᠭᠲᠠᠵᠤ᠂ ᠲᠡᠷᠡ ᠠᠯᠲᠠᠨ ᠮᠠᠨᠳᠠᠯ ᠤ᠋ᠨ ᠲᠥᠪ ᠳᠤᠮᠳᠠ ᠳ᠋ᠤ᠌ ᠶᠡᠬᠡ ᠰᠦᠮᠪᠦᠷ ᠠᠭᠤᠯᠠ ᠪᠠᠢᠵᠤ᠂ ᠳᠣᠯᠣᠭᠠᠨ ᠠᠯᠲᠠᠨ ᠠᠭᠤᠯᠠ ᠬᠦᠷᠢᠶᠡᠯᠡᠨ᠂ ᠲᠡᠷᠡ ᠠᠯᠲᠠᠨ ᠠᠭᠤᠯᠠᠰ ᠤ᠋ᠨ ᠵᠠᠪᠰᠠᠷ ᠴᠡᠩᠭᠡᠯᠭᠡ ᠶ᠋ᠢᠨ ᠳᠣᠯᠣᠭᠠᠨ ᠳᠠᠯᠠᠢ ᠪᠠᠢᠳᠠᠭ᠂ ᠭᠠᠳᠠᠭᠠᠳᠤ ᠲᠠᠯ᠎ᠠ ᠳ᠋ᠤᠨᠢ( ᠳ᠋ᠤ᠌ ᠨᠢ) ᠳᠠᠪᠤᠰᠤᠲᠤ ᠶᠡᠬᠡ ᠳᠠᠯᠠᠢ ᠪᠠᠢᠵᠤ᠂ ᠲᠡᠷᠡ ᠳᠠᠪᠤᠰᠤᠲᠤ ᠳᠠᠯᠠᠢ ᠶ᠋ᠢᠨ ᠭᠠᠳᠠᠨ᠎ᠠ ᠲᠠᠯ᠎ᠠ ᠳ᠋ᠤ᠌ ᠲᠡᠮᠦᠷ ᠠᠭᠤᠯᠠ ᠬᠦᠷᠢᠶᠡᠯᠡᠨ ᠲᠣᠭᠲᠠᠵᠤ᠂ ᠳᠠᠪᠤᠰᠤᠲᠤ ᠳᠠᠯᠠᠢ ᠳ᠋ᠤ᠌ ᠰᠦᠮᠪᠦᠷ ᠠᠭᠤᠯᠠ ᠶ᠋ᠢ ᠲᠣᠭᠣᠷᠢᠨ ᠳᠥᠷᠪᠡᠨ ᠲᠠᠯ᠎ᠠ ᠠ᠋ᠴᠠ ᠨᠢ ᠳᠥᠷᠪᠡᠨ ᠲᠢᠪ᠂ ᠨᠥᠬᠥᠷ ᠲᠢᠪ ᠦ᠋ᠨ ᠰᠡᠯᠲᠡ ᠪᠠᠢᠳᠠᠭ᠃ ᠲᠡᠷᠡ ᠨᠠᠢ᠍ᠮᠠᠨ ᠳᠠᠯᠠᠢ ᠳ᠋ᠤ᠌ ᠯᠤᠤᠰ ᠤ᠋ᠨ ᠨᠠᠢ᠍ᠮᠠᠨ ᠬᠠᠭᠠᠨ ᠪᠠᠢᠳᠠᠭ ᠭᠡᠵᠦ ᠦᠨᠡᠨ ᠭᠣᠣᠯ ᠠ᠋ᠴᠠ ᠪᠠᠨ ᠢᠲᠡᠭᠡᠵᠦ᠂ ᠳᠡᠯᠡᠬᠡᠢ ᠳ᠋ᠦ᠍ ᠵᠦᠭ ᠦ᠋ᠨ ᠮᠠᠭᠤ ᠵᠡᠭᠦᠨ ᠬᠣᠢᠲᠤ ᠵᠦᠭ ᠲᠦ᠍ ᠨᠣᠬᠠᠢ ᠡᠷᠡᠲᠡᠨ ᠭᠡᠳᠡᠭ ᠤᠯᠤᠰ ᠪᠠᠢᠳᠠᠭ᠂ ᠪᠠᠰᠠ ᠭᠠᠭᠴᠠ ᠬᠥᠯ ᠲᠡᠢ ᠤᠴᠢᠷ᠂ ᠬᠣᠶᠠᠭᠤᠯᠠ ᠬᠠᠪᠰᠤᠷᠤᠨ ᠨᠡᠢᠯᠡᠵᠦ ᠶᠠᠪᠤᠳᠠᠭ ᠥᠷᠥᠭᠡᠯ ᠥᠷᠥᠭᠡᠯ ᠬᠥᠯᠲᠡᠨ ᠤᠯᠤᠰ᠂ ᠨᠢᠭᠡ ᠴᠢᠬᠢ ᠪᠡᠨ ᠳᠡᠪᠢᠰᠴᠦ᠂ ᠨᠢᠭᠡ ᠴᠢᠬᠢ ᠪᠡᠷ ᠢ᠋ᠶ᠋ᠡᠨ ᠬᠤᠴᠢᠵᠤ ᠤᠨᠲᠠᠳᠠᠭ ᠲᠣᠮᠣ ᠴᠢᠬᠢᠳᠡᠨ ᠤᠯᠤᠰ᠂ ᠡᠯᠢᠭᠡᠨ ᠳ᠋ᠡᠭᠡᠨ ( ᠳ᠋ᠦ᠍ ᠪᠡᠨ )ᠨᠦᠬᠡ ᠲᠡᠢ ᠤᠴᠢᠷ᠂ ᠨᠣᠶᠠᠳ ᠶᠡᠬᠡᠰ ᠢ᠋ᠶ᠋ᠡᠨ ᠲᠡᠷᠡ ᠡᠯᠢᠭᠡᠨ ᠳ᠋ᠡᠬᠢ ᠨᠦᠬᠡᠨ ᠳ᠋ᠦ᠍ᠨᠢ( ᠳ᠋ᠦ᠍ ᠨᠢ) ᠮᠣᠳᠣ ᠬᠢᠵᠦ ᠳᠠᠮᠨᠠᠨ ᠶᠠᠪᠤᠳᠠᠭ ᠤᠯᠤᠰ ᠭᠡᠬᠦ ᠵᠡᠷᠭᠡ ᠶ᠋ᠢᠨ ᠰᠣᠨᠢᠨ ᠭᠠᠢᠬᠠᠮᠰᠢᠭᠲᠤ ᠤᠯᠤᠰ ᠠᠯᠲᠠᠨ ᠳᠡᠯᠡᠬᠡᠢ ᠳ᠋ᠦ᠍ ᠪᠠᠢᠳᠠᠭ ᠭᠡᠵᠦ ᠢᠲᠡᠭᠡᠵᠦ ᠪᠠᠢᠭᠰᠠᠨ ᠢ᠋ᠶ᠋ᠠᠨ ᠴᠡᠷᠢᠭ ᠡᠴᠡ ᠬᠠᠯᠠᠭᠳᠠᠨ ᠪᠠᠭᠤᠵᠤ ᠢᠷᠡᠭᠰᠡᠨ ᠬᠣᠢᠨ᠎ᠠ ᠪᠠᠨ ᠰᠠᠨᠠᠬᠤ ᠪᠦᠷᠢ ᠢᠨᠢᠶᠡᠳᠦᠮ ᠬᠦᠷᠴᠦ᠂ ᠲᠡᠷᠡ ᠦᠯᠢᠭᠡᠷ ᠰᠢᠭ ᠶᠠᠭᠤᠮ᠎ᠠ ᠶ᠋ᠢ ᠲᠦᠮᠡᠨ ᠦᠨᠡᠨ ᠪᠣᠯᠭᠠᠵᠤ᠂ ᠰᠦᠮᠪᠦᠷ ᠠᠭᠤᠯᠠ ᠪᠣᠢ ᠭᠡᠵᠦ ᠵᠢᠳᠬᠦᠭᠴᠢ ᠬᠥᠮᠦᠨ ᠳ᠋ᠦ᠍ ᠲᠡᠢᠮᠦ ᠲᠡᠢᠮᠦ ᠶᠠᠭᠤᠮ᠎ᠠ ᠪᠠᠢᠵᠤ ᠪᠣᠯᠬᠤ ᠦᠭᠡᠢ ᠭᠡᠵᠦ ᠭᠠᠵᠠᠷ ᠤ᠋ᠨ ᠪᠥᠮᠪᠥᠷᠴᠡᠭ ᠦ᠋ᠨ ᠵᠢᠷᠤᠭ ᠭᠠᠷᠭᠠᠵᠤ ᠶᠠᠷᠢᠳᠠᠭ ᠬᠥᠮᠦᠨ ᠠᠷᠪᠢᠨ ᠪᠣᠢ ᠪᠣᠯᠵᠤ ᠪᠢᠯᠡ᠃ ᠲᠡᠭᠡᠭᠡᠳ ᠬᠥᠳᠡᠭᠡ ᠨᠤᠲᠤᠭ ᠤ᠋ᠨ ᠮᠣᠩᠭᠣᠯ ᠲᠠᠢ ᠲᠠᠩᠭᠤᠳ ᠲᠠᠢ ᠬᠥᠮᠦᠨ ᠲᠡᠢ ᠦᠭᠡ ᠲᠡᠮᠡᠴᠡᠯᠳᠦᠨ᠂ ᠰᠦᠮᠪᠦᠷ ᠠᠭᠤᠯᠠ᠂ ᠨᠣᠬᠠᠢ ᠡᠷᠡᠲᠡᠨ ᠭᠡᠬᠦ ᠵᠡᠷᠭᠡ ᠶ᠋ᠢᠨ ᠵᠦᠢᠯ ᠣᠷᠣ ᠦᠭᠡᠢ ᠶ᠋ᠢ ᠨᠤᠲᠠᠯᠠᠨ ᠶᠠᠷᠢᠵᠤ ᠭᠦᠢᠴᠡᠭᠡᠳ᠂ ᠤᠯᠤᠰ ᠲᠥᠷᠥ᠂ ᠵᠠᠰᠠᠭ ᠵᠠᠰᠠᠭᠯᠠᠯ ᠤ᠋ᠨ ᠤᠴᠢᠷ ᠶᠠᠷᠢᠬᠤ ᠳ᠋ᠠᠭᠠᠨ( ᠳ᠋ᠤ᠌ ᠪᠠᠨ) ᠪᠣᠭᠳᠠ ᠬᠠᠭᠠᠨ ᠤ᠋ ᠵᠡᠷᠭᠡ ᠬᠤᠲᠤᠭᠲᠤ ᠬᠤᠪᠢᠯᠭᠠᠨ᠂ ᠡᠨᠡ ᠲᠡᠷᠡ ᠰᠢᠳᠢᠲᠡᠨ ᠮᠡᠷᠭᠡᠳ ᠦ᠋ᠨ ᠰᠠᠮᠠᠭᠤᠨ ᠪᠤᠷᠤᠩᠬᠤᠢ ᠰᠢᠪᠰᠢᠭᠲᠦ ᠮᠠᠭᠤ ᠶ᠋ᠢ ᠨᠢ ᠮᠥᠨ ᠳᠤᠷᠠᠳᠳᠠᠭ ᠪᠣᠯᠵᠠᠢ᠃
— ᠪᠣᠭᠳᠠ ᠬᠠᠭᠠᠨ ᠶᠠᠮᠠᠷ ᠤᠴᠢᠷ ᠠ᠋ᠴᠠ ᠬᠣᠶᠠᠷ ᠬᠠᠲᠤᠨ ᠲᠠᠢ ᠪᠣᠯᠪᠠ?
— ᠱᠠᠰᠢᠨ ᠲᠥᠷᠥ ᠶ᠋ᠢ ᠬᠣᠣᠰᠯᠠᠨ ᠪᠠᠷᠢᠵᠤ ᠪᠠᠢᠭ᠎ᠠ ᠶ᠋ᠢᠨ ᠤᠴᠢᠷ ᠶᠤᠮ ᠪᠢᠯᠡ ᠤᠤ? ᠮᠠᠨᠵᠤᠰᠢᠷᠢ ᠬᠤᠲᠤᠭᠲᠤ ᠶᠠᠭᠠᠬᠢᠭᠠᠳ ᠭᠡᠷᠲᠡᠨ ᠬᠥᠮᠦᠨ ᠦ᠌ ᠠᠳᠠᠯᠢ ᠡᠬᠡᠨᠡᠷ ᠲᠡᠢ ᠪᠣᠯᠪᠠ? ᠪᠠᠷᠣᠨ ᠦᠩᠭᠧᠷᠡᠨ ᠦᠨᠡᠬᠡᠷ ᠵᠠᠮᠰᠦ᠋ᠷᠦᠩ ᠭᠡᠳᠡᠭ ᠤᠯᠠᠭᠠᠨ ᠰᠠᠬᠢᠭᠤᠯᠰᠤ᠂ ᠭᠡᠰᠡᠷ ᠬᠠᠭᠠᠨ ᠤ᠋ ᠬᠤᠪᠢᠯᠭᠠᠨ ᠮᠥᠨ ᠭᠡᠵᠦ ᠮᠠᠨᠵᠤᠰᠢᠷᠢ ᠬᠤᠲᠤᠭᠲᠤ ᠶ᠋ᠢᠨ ᠠᠢᠯᠠᠳᠤᠭᠰᠠᠨ ᠨᠢ ᠦᠨᠡᠨ ᠪᠣᠯᠪᠠᠯ᠂ ᠬᠣᠣᠷ ᠤ᠋ᠨ ᠦᠨᠳᠦᠰᠦ ᠶ᠋ᠢ ᠲᠠᠰᠤᠯᠬᠤ ᠶ᠋ᠢᠨ ᠣᠷᠣᠨ ᠳ᠋ᠤ᠌ ᠬᠠᠷᠢᠨ ᠠᠯᠢ ᠮᠠᠭᠤ ᠬᠣᠣᠷ ᠢ᠋ ᠲᠠᠷᠢᠵᠤ᠂ ᠠᠷᠠᠳ ᠠᠮᠢᠲᠠᠨ ᠢ᠋ ᠬᠣᠣᠷᠯᠠᠨ ᠳᠠᠷᠤᠯᠠᠭᠰᠠᠭᠠᠷ ᠡᠭᠡᠯ ᠵᠢᠷ ᠦ᠋ᠨ ᠬᠥᠮᠦᠨ ᠳ᠋ᠦ᠍ ᠳᠠᠷᠤᠭᠳᠠᠭᠰᠠᠨ ᠪᠠᠢᠵᠤ ᠪᠣᠯᠬᠤ ᠤᠤ? ᠪᠠᠷᠣᠨ ᠢ᠋ ᠲᠡᠢᠨ ᠬᠦ᠌ ᠪᠤᠷᠬᠠᠨ ᠰᠠᠬᠢᠭᠤᠯᠰᠤ᠂ ᠪᠣᠭᠳᠠ ᠭᠡᠰᠡᠷ ᠬᠠᠭᠠᠨ ᠤ᠋ ᠬᠤᠪᠢᠯᠭᠠᠨ ᠭᠡᠵᠦ ᠪᠠᠢᠭᠰᠠᠨ ᠮᠠᠨᠵᠤᠰᠢᠷᠢ ᠵᠡᠷᠭᠡ ᠬᠤᠲᠤᠭᠲᠤ ᠶ᠋ᠢ ᠪᠢᠳᠡ ᠶᠠᠭᠤ ᠭᠡᠵᠦ ᠦᠵᠡᠪᠡᠯ ᠵᠣᠬᠢᠬᠤ ᠪᠣᠢ? ᠭᠡᠬᠦ ᠵᠡᠷᠭᠡ ᠪᠡᠷ ᠤᠯᠤᠰ ᠡᠯᠳᠡᠪ ᠠᠰᠠᠭᠤᠯᠲᠠ ᠲᠠᠯᠪᠢᠳᠠᠭ ᠪᠣᠯᠵᠠᠢ᠃
ᠯᠠᠮᠠ ᠨᠠᠷ᠂ ᠨᠣᠮ ᠴᠡᠭᠡᠵᠢᠯᠡᠭᠰᠡᠳ᠂ ᠲᠡᠳᠡᠭᠡᠷ ᠦ᠋ᠨ ᠬᠠᠷᠢᠭᠤ ᠳ᠋ᠤ᠌ ᠡᠨᠡ ᠲᠡᠷᠡ ᠨᠣᠮ ᠠ᠋ᠴᠠ ᠡᠰᠢ ᠲᠠᠲᠠᠵᠤ᠂ ᠪᠣᠭᠳᠠ ᠭᠡᠭᠡᠨ ᠦ᠌ ᠡᠨᠡ ᠲᠡᠷᠡ ᠯᠦᠨᠳᠦᠩ ᠳ᠋ᠦ᠍ ᠢᠩᠭᠢᠵᠦ ᠴᠢᠩᠭᠢᠵᠦ ᠠᠢᠯᠠᠳᠤᠭᠰᠠᠨ ᠭᠡᠬᠦ ᠵᠡᠷᠭᠡ ᠪᠡᠷ ᠬᠠᠷᠢᠭᠤᠯᠵᠤ ᠠᠮᠠ ᠲᠠᠭᠯᠠᠬᠤ ᠶ᠋ᠢ ᠣᠷᠣᠯᠳᠣᠳᠠᠭ ᠪᠠᠢᠭᠰᠠᠨ ᠨᠢ᠄
— ᠤᠷᠢᠳᠤ᠂ ᠰᠦᠰᠦᠭ ᠪᠢᠰᠢᠷᠡᠯ ᠨᠢᠮᠭᠡᠨ ᠲᠡᠢ᠂ ᠤᠰᠤᠨ ᠨᠢᠳᠦ ᠲᠡᠢ᠂ ᠴᠢᠰᠤᠨ ᠵᠢᠷᠦᠬᠡ ᠲᠡᠢ ᠮᠤᠩᠬᠠᠭ ᠱᠠᠪᠢ ᠨᠠᠷ ᠲᠠᠭᠠᠨ( ᠲᠤ ᠪᠠᠨ) ᠪᠣᠭᠳᠠ ᠭᠡᠭᠡᠨ᠂ ᠠᠯᠲᠠᠨ ᠯᠦᠨᠳᠦᠩ ᠪᠠᠭᠤᠯᠭᠠᠵᠤ ᠠᠢᠯᠠᠳᠤᠭᠰᠠᠨ ᠦᠭᠡ᠄
—《ᠪᠢ᠂ ᠬᠡᠷᠬᠢᠨ ᠶᠠᠭᠤ ᠦᠢᠯᠡᠳᠬᠦ ᠪᠣᠯᠪᠠᠴᠤ᠂ ᠢᠮᠠᠭᠲᠠ ᠱᠠᠰᠢᠨ ᠠᠮᠢᠲᠠᠨ ᠤ᠋ ᠲᠤᠰᠠ ᠵᠢᠷᠭᠠᠯᠠᠩ ᠤ᠋ᠨ ᠲᠤᠯᠠᠳᠠ ᠵᠣᠷᠢᠭᠤᠯᠬᠤ ᠪᠣᠯᠠᠢ᠃ ᠶᠠᠭᠤᠨᠳᠤ(ᠶᠠᠭᠤᠨ ᠳ᠋ᠤ᠌) ᠤᠴᠢᠷ ᠦᠭᠡᠢ ᠣᠯᠠᠨ ᠬᠥᠮᠦᠨ ᠦ᠌ ᠪᠤᠶᠠᠨ ᠤ᠋ ᠡᠷᠭᠦᠯ ᠵᠦᠢᠯ ᠢ᠋ ᠬᠡᠷᠡᠭ ᠦᠭᠡᠢ ᠪᠡᠷ ᠰᠦᠢᠳᠬᠡᠨ ᠱᠠᠮᠰᠢᠬᠤ ᠪᠣᠯᠤᠮᠤᠢ᠃ ᠪᠠᠰᠠᠴᠤ(ᠪᠠᠰᠠ ᠴᠤ᠌) ᠬᠠᠶᠠ ᠵᠠᠷᠢᠮ ᠨᠢᠭᠡᠨ ᠬᠥᠮᠦᠨ᠂ ᠨᠠᠮᠠᠶ᠋ᠢ(ᠨᠠᠮ᠎ᠠ ᠶ᠋ᠢ) ᠴᠠᠭᠠᠰᠤᠨ ᠫᠤᠤ ᠲᠠᠯᠪᠢᠪᠠ᠃ ᠡᠨᠳᠡ ᠲᠡᠨᠳᠡ ᠶᠠᠪᠤᠪᠠ ᠭᠡᠬᠦ ᠨᠢ ᠪᠣᠢ᠃ ᠪᠢ ᠡᠨᠡ ᠵᠦᠢᠯ ᠦ᠋ᠨ ᠳᠣᠲᠣᠷ᠎ᠠ᠂ ᠨᠢᠭᠤᠴᠠ ᠪᠠᠷ ᠱᠠᠰᠢᠨ ᠠᠮᠢᠲᠠᠨ ᠳ᠋ᠤ᠌ ᠶᠡᠬᠡ ᠯᠡ ᠲᠤᠰᠠ ᠪᠣᠯᠵᠠᠢ᠃ ᠦᠷ᠎ᠡ ᠨᠢ ᠬᠣᠢᠴᠢ ᠡᠳᠦᠷ ᠪᠦᠬᠦᠨ ᠳ᠋ᠦ᠍ ᠮᠡᠳᠡᠭᠳᠡᠬᠦ ᠪᠣᠯᠠᠢ᠃ ᠪᠢ ᠡᠳᠦᠭᠡ ᠡᠵᠡᠨ ᠲᠩᠷᠢ ᠶ᠋ᠢᠨ ᠨᠢᠭᠤᠴᠠ ᠶᠠᠪᠤᠳᠠᠯ ᠢ᠋ ᠦᠯᠦ ᠵᠠᠳᠠᠷᠠᠭᠤᠯᠬᠤ ᠨᠢ ᠨᠣᠮ ᠤ᠋ᠨ ᠶᠣᠰᠣ ᠪᠣᠯᠠᠢ*》 ᠭᠡᠵᠦ ᠠᠢᠯᠠᠳᠤᠭᠰᠠᠨ ᠪᠠᠢᠳᠠᠭ ᠭᠡᠵᠦ ᠬᠡᠯᠡᠪᠡᠴᠦ᠂ ᠲᠡᠷᠡ ᠮᠡᠲᠦ ᠶ᠋ᠢᠨ ᠵᠠᠷᠯᠢᠭ ᠯᠦᠨᠳᠦᠩ ᠲᠡᠷᠢᠭᠦᠲᠡᠨ ᠢ᠋ ᠴᠡᠭᠡᠵᠢᠯᠡᠨ ᠶᠠᠪᠤᠭᠰᠠᠳ᠂ ᠰᠢᠨ᠎ᠡ ᠴᠠᠭ ᠤ᠋ᠨ ᠬᠥᠮᠦᠨ ᠦ᠌ ᠴᠢᠬᠢᠨ ᠳ᠋ᠦ᠍ ᠲᠡᠷᠡ ᠦᠭᠡ ᠶᠠᠪᠤᠴᠠ ᠦᠭᠡᠢ ᠶ᠋ᠢ ᠮᠡᠳᠡᠭᠡᠳ᠂
— ᠵᠠ! ᠶᠠᠭᠠᠬᠢᠬᠤ ᠪᠣᠢ᠃ ᠬᠠᠭᠤᠴᠢᠨ ᠤ᠋ ᠶᠠᠭᠤᠮ᠎ᠠ ᠤᠯᠠ ᠪᠣᠯᠵᠤ᠂ ᠰᠢᠨ᠎ᠡ ᠶᠠᠭᠤᠮ᠎ᠠ ᠵᠤᠯᠠ ᠪᠣᠯᠵᠤ ᠪᠠᠢᠭ᠎ᠠ ᠶᠤᠮ ᠪᠢᠵᠡ ᠳᠡ ᠭᠡᠳᠡᠭ ᠪᠣᠯᠵᠠᠢ᠃
ᠲᠡᠷᠡ ᠰᠢᠨ᠎ᠡ ᠶᠠᠭᠤᠮ᠎ᠠ ᠬᠥᠳᠡᠭᠡ ᠣᠷᠣᠨ ᠨᠤᠲᠤᠭ ᠲᠤ᠌ ᠲᠤᠩ ᠬᠦᠴᠦᠲᠡᠢ ᠲᠦᠷᠢᠨ ᠣᠷᠣᠵᠤ᠂ ᠬᠠᠭᠤᠴᠢᠨ ᠤ᠋ ᠪᠦᠬᠦ ᠬᠠᠷᠭᠢᠰ ᠬᠦᠴᠦᠨ᠂ ᠲᠡᠭᠦᠨ ᠳ᠋ᠦ᠍ ᠰᠠᠭᠠᠳ ᠬᠣᠷᠢᠭ ᠲᠠᠯᠪᠢᠭᠠᠳ ᠲᠠᠯᠪᠢᠭᠠᠳ ᠳᠡᠢᠯᠬᠦ ᠪᠡᠨ ᠪᠠᠢᠭᠰᠠᠨ ᠰᠢᠨᠵᠢ ᠡᠳᠦᠷ ᠢᠷᠡᠬᠦ ᠳᠣᠳᠣᠮ ᠢᠯᠡᠷᠬᠡᠢ ᠪᠣᠯᠵᠠᠢ᠃
ᠨᠡᠭᠦᠳᠡᠯ ᠦ᠋ᠨ ᠪᠠᠢᠳᠠᠯᠲᠤ ᠬᠥᠳᠡᠭᠡ ᠲᠠᠯ᠎ᠠ᠂ ᠭᠣᠪᠢ ᠬᠠᠩᠭᠠᠢ ᠶ᠋ᠢᠨ ᠠᠯᠢᠨ ᠳ᠋ᠤᠨᠢ ᠴᠤ᠌ ᠬᠦᠷᠢᠶ᠎ᠡ ᠬᠡᠢᠳ᠂ ᠡᠨᠡ ᠲᠡᠷᠡ ᠬᠤᠷᠠᠯ ᠨᠣᠮ ᠤ᠋ᠨ ᠭᠠᠵᠠᠷ ᠭᠡᠳᠡᠭ ᠯᠡ ᠰᠠᠭᠤᠷᠢᠰᠢᠭᠰᠠᠨ ᠭᠠᠵᠠᠷ ᠨᠢ ᠪᠠᠢᠵᠤ᠂ ᠨᠣᠶᠠᠳ ᠤ᠋ᠨ ᠥᠷᠢ ᠰᠢᠷᠢ ᠶ᠋ᠢᠨ ᠬᠦᠦ ᠲᠡᠳᠡᠨ ᠬᠤᠷᠢᠶᠠᠭᠴᠢ ᠬᠢᠲᠠᠳ ᠫᠦᠰᠡ᠂ ᠰᠦᠮ᠎ᠡ ᠬᠡᠢᠳ ᠪᠠᠷᠠᠭᠠᠳᠠᠨ ᠰᠠᠭᠤᠷᠢᠰᠢᠳᠠᠭ ᠵᠠᠩᠰᠢᠯ ᠲᠠᠢ ᠪᠠᠢᠭᠰᠠᠨ ᠡᠭᠦᠨ ᠳ᠋ᠦ᠍᠂ ᠲᠡᠷᠡ ᠰᠠᠭᠤᠷᠢᠨ ᠮᠠᠢᠮᠠᠢ ᠨᠠᠷ ᠤ᠋ᠨ ᠬᠠᠪᠢ ᠪᠠᠷ ᠠᠷᠠᠳ ᠤ᠋ᠨ ᠬᠠᠷᠢᠯᠴᠠᠨ ᠲᠤᠰᠠᠯᠠᠯᠴᠠᠬᠤ ᠬᠣᠷᠰᠢᠶᠠᠨ ᠤ᠋ ᠳᠡᠯᠭᠡᠭᠦᠷ ᠰᠠᠯᠪᠤᠷᠢ ᠡᠨᠳᠡ ᠲᠡᠨᠳᠡ ᠦᠭᠡᠢ ᠪᠣᠢ ᠪᠣᠯᠵᠤ᠂ ᠬᠢᠲᠠᠳ ᠫᠦᠰᠡ ᠲᠡᠢ ᠠᠮᠵᠢᠯᠲᠠ ᠲᠠᠢ ᠪᠠᠷ ᠥᠷᠢᠰᠦᠯᠳᠦᠨ᠂ ᠬᠤᠳᠠᠯᠳᠤᠭ᠎ᠠ ᠠᠷᠠᠯᠵᠢᠶ᠎ᠠ ᠬᠢᠬᠦ ᠪᠣᠯᠵᠠᠢ᠃ ᠬᠣᠷᠰᠢᠶᠠᠨ ᠳ᠋ᠠᠭᠠᠨ ᠬᠤᠪᠢ ᠨᠡᠢᠯᠡᠭᠦᠯᠦᠭᠰᠡᠨ ᠮᠠᠯᠴᠢᠨ ᠠᠷᠠᠳ ᠤ᠋ᠳ ᠬᠡᠷᠡᠭᠯᠡᠬᠦ ᠪᠠᠷᠠᠭ᠎ᠠ ᠪᠠᠨ ᠬᠣᠷᠰᠢᠶᠠᠨ ᠠ᠋ᠴᠠ ᠪᠠᠨ ᠠᠪᠤᠯ ᠦᠭᠡᠢ ᠬᠡᠨ ᠡᠴᠡ ᠴᠦ᠍ ᠠᠪᠬᠤ ᠪᠢᠯᠡ? ᠭᠡᠵᠦ ᠬᠣᠷᠰᠢᠶᠠᠨ ᠳ᠋ᠠᠭᠠᠨ ᠴᠢᠨᠡᠭᠡ ᠪᠡᠷ ᠳᠡᠮᠵᠢᠵᠦ᠂ ᠠᠮᠧᠷᠢᠺᠠ᠂ ᠭᠧᠷᠮᠠᠨ᠂ ᠢᠲ᠋ᠠᠯᠢ ᠶ᠋ᠢᠨ ᠵᠡᠷᠭᠡ ᠠᠮᠢᠨ ᠬᠤᠪᠢ ᠶ᠋ᠢᠨ ᠬᠤᠳᠠᠯᠳᠤᠭᠠᠨ ᠤ᠋ ᠫᠦᠰᠡ ᠡᠴᠡ ᠬᠥᠳᠡᠭᠡ ᠭᠠᠵᠠᠷ ᠲᠤᠰᠬᠠᠢᠯᠠᠨ ᠬᠡᠰᠦᠨ ᠶᠠᠪᠤᠵᠤ ᠲᠦᠭᠦᠬᠡᠢ ᠡᠳ᠋᠂ ᠦᠰᠦ ᠥᠯᠥᠭ ᠠᠪᠬᠤ ᠡᠩ ᠦ᠋ᠨ ᠬᠤᠳᠠᠯᠳᠤᠭᠠᠴᠢ ᠳ᠋ᠤ᠌ ᠮᠠᠯ ᠲᠦᠭᠦᠬᠡᠢ ᠡᠳ᠋᠂ ᠤᠩᠭᠠᠰᠤ ᠨᠣᠣᠰᠣ᠂ ᠦᠰᠦ ᠦᠯᠦᠭ ᠲᠡᠷᠢᠭᠦᠲᠡᠨ ᠢ᠋ ᠥᠭᠬᠦ ᠳᠤᠷ᠎ᠠ ᠦᠭᠡᠢ᠂ ᠴᠢᠳᠠᠪᠠᠯ ᠬᠣᠷᠰᠢᠶᠠᠨ ᠳ᠋ᠠᠭᠠᠨ ᠥᠭᠬᠦ ᠶᠤᠮᠰᠠᠨ ᠭᠡᠳᠡᠭ ᠪᠣᠯᠵᠠᠢ᠃
ᠳᠡ ᠬᠦᠷᠢᠶᠡᠨ ᠡᠴᠡ ᠨᠠᠮ ᠡᠪᠯᠡᠯ ᠦ᠋ᠨ ᠡᠭᠦᠷ ᠪᠠᠢᠭᠤᠯᠤᠷᠠ ᠤᠯᠢᠶᠠᠰᠤᠲᠠᠢ ᠳ᠋ᠤ᠌ ᠬᠤᠪᠢᠰᠬᠠᠯᠲᠤ ᠵᠠᠯᠠᠭᠤᠴᠤᠳ ᠤ᠋ᠨ ᠡᠪᠯᠡᠯ ᠦ᠋ᠨ ᠲᠥᠪ ᠬᠣᠷᠢᠶᠠᠨ ᠤ᠋ ᠲᠡᠷᠢᠭᠦᠯᠡᠭᠴᠢ ᠺᠣᠮᠢᠰᠰᠠᠷ ᠠᠮᠤᠭᠤᠯᠠᠩ ᠭᠡᠳᠡᠭ ᠬᠥᠮᠦᠨ ᠬᠦᠷᠴᠦ ᠢᠷᠡᠪᠡ ᠭᠡᠵᠦ ᠰᠠᠢᠨ ᠨᠣᠶᠠᠨ ᠬᠠᠨ᠂ ᠵᠠᠰᠠᠭᠲᠤ ᠬᠠᠨ ᠪᠠᠷᠠᠭᠤᠨ ᠬᠣᠶᠠᠷ ᠠᠢᠮᠠᠭ ᠤ᠋ᠨ ᠣᠯᠠᠨ ᠬᠣᠰᠢᠭᠤ ᠪᠠᠷ ᠱᠤᠤᠭᠢᠨ ᠬᠡᠯᠡᠯᠴᠡᠳᠡᠭ ᠪᠣᠯᠵᠠᠢ᠃
ᠡᠷᠳᠡᠨᠢ ᠪᠠᠨᠳᠢᠳᠠ ᠬᠤᠲᠤᠭᠲᠤ ᠶ᠋ᠢᠨ ᠭᠡᠭᠡᠨ ᠱᠠᠩ ᠤ᠋ᠨ ᠨᠢᠷᠪᠠ ᠯᠠᠮᠠ ᠤᠯᠢᠶᠠᠰᠤᠲᠠᠢ ᠣᠷᠣᠵᠤ ᠢᠷᠡᠭᠡᠳ᠂ ᠭᠡᠭᠡᠨ ᠳ᠋ᠡᠭᠡᠨ ᠠᠢᠯᠠᠳᠬᠠᠬᠤ ᠳ᠋ᠠᠭᠠᠨ᠂
— ᠲᠡᠷᠡ ᠤᠯᠠᠭᠠᠨ ᠺᠣᠮᠢᠰᠰᠠᠷ ᠠᠮᠤᠭᠤᠯᠠᠩ ᠭᠡᠭᠴᠢ ᠶ᠋ᠢᠨ ᠪᠠᠢᠭᠤᠯᠤᠭᠰᠠᠨ ᠠᠷᠠᠳ ᠤ᠋ᠨ ᠨᠠᠮ ᠭᠡᠳᠡᠭ ᠦ᠋ᠨ ᠡᠭᠦᠷ᠂ ᠪᠠᠰᠠ ᠵᠠᠯᠠᠭᠤᠴᠤᠳ ᠤ᠋ᠨ ᠡᠭᠦᠷ ᠭᠡᠳᠡᠭ ᠲᠦ᠋ᠨᠢ ᠤᠯᠢᠶᠠᠰᠤᠲᠠᠢ ᠳ᠋ᠤ᠌ ᠵᠢᠷᠠᠨ ᠡᠮᠡᠰ ᠥᠬᠢᠳ ᠡᠯᠰᠡᠵᠦ ᠣᠷᠣᠵᠤ ᠭᠡᠨ᠎ᠡ᠃ ᠤᠯᠢᠶᠠᠰᠤᠲᠠᠢ ᠶ᠋ᠢᠨ ᠡᠭᠦᠷ ᠲᠦ᠍ ᠭᠡᠰᠢᠭᠦᠨ ᠪᠣᠯᠤᠭᠰᠠᠨ ᠰᠢᠭ ᠲᠡᠢᠮᠦ ᠣᠯᠠᠨ ᠡᠮᠡᠰ ᠥᠬᠢᠳ᠂ ᠶᠡᠬᠡ ᠬᠦᠷᠢᠶᠡᠨ ᠳ᠋ᠦ᠍ ᠴᠦ᠍ ᠭᠡᠰᠡᠨ ᠮᠤᠬᠤᠷ ᠲᠣᠯᠣᠭᠠᠢᠲᠠᠨ ᠤ᠋ ᠡᠭᠦᠷ ᠲᠦ᠍ ᠪᠠᠢᠳᠠᠭ ᠦᠭᠡᠢ ᠶᠦᠮ ᠭᠡᠨ᠎ᠡ ᠪᠢᠯᠡ᠃ ᠨᠠᠮᠠᠶ᠋ᠢ(ᠨᠠᠮ᠎ᠠ ᠶ᠋ᠢ )ᠤᠯᠢᠶᠠᠰᠤᠲᠠᠢ ᠪᠠᠷ ᠶᠠᠪᠤᠬᠤ ᠳ᠋ᠤ᠌ ᠡᠩᠭᠡᠷ ᠳᠡᠭᠡᠷ᠎ᠡ ᠪᠡᠨ ᠲᠠᠪᠤᠨ ᠬᠣᠰᠢᠭᠤ ᠲᠡᠮᠳᠡᠭ ᠢᠴᠢᠭᠦᠷᠢ ᠰᠤᠨᠵᠢᠭᠤᠷᠢ ᠦᠭᠡᠢ ᠵᠡᠭᠦᠭᠰᠡᠨ ᠡᠮᠡᠰ ᠥᠬᠢᠳ ᠠᠯᠬᠤᠮ ᠪᠦᠷᠢ ᠳ᠋ᠦ᠍ ᠳᠠᠭᠠᠷᠢᠯᠳᠤᠵᠤ ᠪᠠᠢᠭᠰᠠᠨ᠃ ᠪᠣᠳᠣᠪᠠᠯ ᠤᠯᠢᠶᠠᠰᠤᠲᠠᠢ ᠬᠣᠲᠠ ᠳ᠋ᠤ᠌ ᠳᠠᠩ ᠠᠷᠠᠯᠵᠢᠶ᠎ᠠ ᠮᠠᠢᠮᠠᠢ᠂ ᠤᠷᠠᠨ ᠳᠠᠷᠬᠠᠨ ᠤ᠋ ᠠᠵᠢᠯ ᠬᠢᠳᠡᠭ ᠳᠣᠲᠣᠷ᠎ᠠ ᠬᠥᠮᠦᠨ ᠭᠣᠣᠯᠴᠠᠭᠤ ᠰᠠᠭᠤᠳᠠᠭ ᠪᠣᠯᠤᠭᠠᠳ᠂ ᠤᠯᠢᠶᠠᠰᠤᠲᠠᠢ ᠶ᠋ᠢᠨ ᠡᠮᠡᠰ ᠢ᠋ ᠬᠣᠷᠢᠵᠤ ᠢᠳᠬᠠᠬᠤ ᠯᠠᠮᠠ ᠪᠠᠭᠰᠢ ᠨᠠᠷ ᠣᠢᠷ᠎ᠠ ᠬᠠᠪᠢ ᠳ᠋ᠤᠨᠢ (ᠳ᠋ᠤ᠌ ᠨᠢ) ᠪᠠᠢᠳᠠᠭ ᠦᠭᠡᠢ ᠡᠴᠡ ᠲᠡᠭᠡᠵᠦ ᠲᠣᠯᠣᠭᠠᠢ ᠪᠠᠷ ᠢ᠋ᠶ᠋ᠠᠨ ᠬᠥᠯ ᠬᠢᠵᠦ ᠪᠠᠢᠭ᠎ᠠ ᠬᠡᠷᠡᠭ ᠪᠣᠯᠪᠠ ᠤᠤ ᠭᠡᠬᠦ ᠳ᠋ᠦ᠍ᠨᠢ (ᠳ᠋ᠦ᠍ ᠨᠢ)᠂ ᠡᠷᠳᠡᠨᠢ ᠪᠠᠨᠳᠢᠳᠠ ᠬᠤᠲᠤᠭᠲᠤ ᠯᠠᠮᠠ ᠶ᠋ᠢᠨ ᠭᠡᠭᠡᠨ᠂ ᠲᠡᠷᠡ ᠨᠢᠷᠪᠠ ᠶ᠋ᠢᠨ ᠦᠭᠡ ᠰᠣᠨᠣᠰᠴᠤ᠂ ᠣᠯᠠᠨ ᠱᠠᠪᠢ ᠯᠠᠮᠠ ᠨᠠᠷ ᠲᠠᠭᠠᠨ( ᠲᠤ ᠪᠠᠨ)᠂
— ᠶᠡᠬᠡ ᠬᠦᠷᠢᠶᠡᠨ ᠳ᠋ᠦ᠍ ᠪᠣᠭᠳᠠ ᠬᠠᠭᠠᠨ᠂ ᠭᠠᠨᠳᠠᠩ ᠬᠦᠷᠢᠶᠡᠨ ᠦ᠌ ᠴᠣᠢᠵᠣᠩ ᠨᠣᠮ ᠤ᠋ᠨ ᠰᠠᠬᠢᠭᠤᠯᠰᠤ᠂ ᠯᠠᠮᠠ ᠪᠠᠭᠰᠢ ᠨᠠᠷ ᠨᠢ ᠡᠬᠡ ᠪᠣᠯᠤᠭᠰᠠᠨ ᠣᠯᠠᠨ ᠠᠪᠠᠭᠠᠢ ᠬᠡᠦᠬᠡᠨ ᠢ᠋ ᠪᠤᠷᠤᠭᠤ ᠦᠵᠡᠯ ᠦ᠋ᠨ ᠵᠠᠮ ᠳ᠋ᠤ᠌ ᠲᠥᠭᠡᠷᠢᠨ ᠣᠷᠣᠬᠤ ᠤᠨᠠᠯ ᠠ᠋ᠴᠠ ᠨᠢᠭᠦᠯᠡᠰᠦᠨ ᠠᠪᠤᠷᠠᠵᠠᠢ᠃ ᠣᠳᠣ ᠮᠢᠨᠦ ᠬᠡᠢᠳ ᠦ᠋ᠨ ᠣᠯᠠᠨ ᠯᠠᠮᠠ ᠰᠠᠨᠸᠠᠷᠲᠠᠨ᠂ ᠤᠴᠢᠷ ᠮᠡᠳᠡᠬᠦ ᠦᠭᠡᠢ ᠮᠤᠩᠬᠠᠭ ᠱᠠᠪᠢ ᠨᠠᠷ ᠢ᠋ᠶ᠋ᠠᠨ ᠢᠳᠬᠠᠨ ᠪᠤᠶᠠᠨ ᠨᠣᠮ᠂ ᠪᠤᠷᠬᠠᠨ ᠱᠠᠰᠢᠨ ᠤ᠋ ᠵᠦᠭ ᠰᠡᠳᠬᠢᠯ ᠢ᠋ ᠨᠢ ᠬᠠᠨᠳᠤᠭᠤᠯᠪᠠᠯ ᠵᠣᠬᠢᠬᠤ ᠪᠣᠯᠵᠠᠢ ᠭᠡᠵᠦ ᠪᠢᠯᠡ᠃
ᠤᠳᠠᠯ ᠦᠭᠡᠢ᠂ ᠡᠷᠳᠡᠨᠢ ᠪᠠᠨᠳᠢᠳᠠ ᠬᠤᠲᠤᠭᠲᠤ ᠯᠠᠮᠠ ᠶ᠋ᠢᠨ ᠭᠡᠭᠡᠨ ᠦ᠌ ᠣᠯᠠᠨ ᠠᠯᠪᠠᠲᠤ ᠱᠠᠪᠢ ᠨᠠᠷ ᠰᠢᠪᠡᠷ ᠢᠪᠢᠷ ᠰᠠᠮ ᠬᠡᠯᠡᠯᠴᠡᠵᠦ᠂ ᠭᠡᠭᠡᠨ ᠱᠠᠩ ᠤ᠋ᠨ ᠮᠥᠩᠬᠡ ᠰᠦᠷᠦᠭ ᠦ᠋ᠨ ᠮᠠᠯ ᠬᠠᠷᠢᠭᠤᠯᠵᠤ᠂ ᠠᠶᠠᠭ᠎ᠠ ᠬᠣᠭᠣᠯᠠ ᠣᠯᠵᠤ ᠢᠳᠡᠵᠦ ᠪᠠᠢᠭᠰᠠᠨ ᠣᠯᠠᠨ ᠵᠠᠷᠤᠴᠠ ᠶᠠᠳᠠᠭᠤ ᠰᠦᠷᠦᠭᠴᠢᠨ᠂ ᠲᠡᠮᠡᠭᠡᠴᠢᠨ᠂ ᠠᠳᠤᠭᠤᠴᠢᠨ᠂ ᠬᠣᠨᠢᠴᠢᠨ᠂ ᠦᠬᠡᠷᠴᠢᠨ᠂ ᠠᠷᠠᠳ ᠤ᠋ᠨ ᠬᠢᠨ ᠦ᠌ ᠡᠭᠦᠷ ᠮᠡᠭᠦᠷ ᠲᠦ᠍ ᠭᠡᠰᠢᠭᠦᠨ ᠪᠣᠯᠵᠤ ᠪᠣᠯᠬᠤ ᠦᠭᠡᠢ ᠭᠡᠵᠦ ᠭᠡᠭᠡᠨᠲᠡᠨ ᠠᠢᠯᠠᠳᠤᠭᠰᠠᠨ᠃ ᠲᠡᠷᠡ ᠵᠠᠷᠯᠢᠭ ᠢ᠋ ᠳᠠᠪᠠᠭᠰᠠᠨ ᠬᠥᠮᠦᠨ ᠦ᠌ ᠭᠠᠷ ᠳᠡᠭᠡᠷ᠎ᠡ ᠪᠠᠢᠭ᠎ᠠ ᠭᠡᠭᠡᠨ ᠱᠠᠩ ᠤ᠋ᠨ ᠮᠠᠯ ᠢ᠋ ᠬᠣᠷᠢᠶᠠᠨ ᠠᠪᠴᠤ᠂ ᠠᠮᠢᠳᠤᠷᠠᠯᠭ᠎ᠠ ᠶ᠋ᠢ ᠲᠠᠰᠤᠯᠤᠨ᠎ᠠ ᠭᠡᠵᠦ ᠨᠢᠷᠪᠠ ᠯᠠᠮᠠᠪᠤᠭᠠᠢ᠂ ᠭᠡᠭᠡᠨ ᠦ᠌ ᠵᠠᠷᠯᠢᠭ ᠢ᠋ᠶ᠋ᠠᠷ ᠳᠠᠯᠠᠢᠯᠭᠠᠨ ᠲᠤᠰᠢᠶᠠᠭᠰᠠᠨ ᠭᠡᠨ᠎ᠡ ᠰᠢᠦ ᠭᠡᠵᠦ ᠬᠡᠯᠡᠯᠴᠡᠵᠡᠢ᠃
ᠲᠡᠭᠡᠵᠦ ᠪᠠᠢᠲᠠᠯ᠎ᠠ᠂ ᠤᠯᠢᠶᠠᠰᠤᠲᠠᠢ ᠳ᠋ᠤ᠌ ᠠᠮᠤᠭᠤᠯᠠᠩ ᠺᠣᠮᠢᠰᠰᠠᠷ ᠤ᠋ᠨ ᠬᠥᠮᠦᠵᠢᠭᠦᠯᠦᠨ ᠪᠣᠢᠵᠢᠭᠤᠯᠤᠭᠰᠠᠨ ᠵᠠᠯᠠᠭᠤᠴᠤᠳ ᠤ᠋ᠨ ᠡᠭᠦᠷ ᠦ᠋ᠨ ᠳᠡᠭᠳᠡᠭᠡᠬᠡᠢ ᠥᠳᠥ ᠤᠷᠭᠤᠵᠤ ᠵᠢᠭᠦᠷ ᠳᠠᠯᠠᠪᠴᠢ ᠪᠠᠨ ᠳᠡᠯᠭᠡᠭᠡᠳ᠂ ᠪᠠᠷᠠᠭᠤᠨ ᠰᠠᠢᠨ ᠨᠣᠶᠠᠨ᠂ ᠵᠠᠰᠠᠭᠲᠤ ᠬᠠᠨ ᠬᠣᠶᠠᠷ ᠠᠢᠮᠠᠭ ᠤ᠋ᠨ ᠪᠦᠬᠦ ᠬᠣᠰᠢᠭᠤᠳ ᠢ᠋ᠶ᠋ᠠᠷ ᠡᠪᠯᠡᠯ ᠦ᠋ᠨ ᠡᠭᠦᠷ ᠪᠠᠢᠭᠤᠯᠤᠷᠠ ᠮᠣᠷᠳᠠᠵᠠᠭᠠᠵᠠᠢ᠃ ᠵᠠᠷᠢᠮ ᠬᠤᠰᠢᠭᠤᠨ ᠳ᠋ᠤ᠌ ᠵᠠᠯᠠᠭᠤᠴᠤᠳ ᠤ᠋ᠨ ᠡᠭᠦᠷ᠂ ᠨᠠᠮ ᠤ᠋ᠨ ᠡᠭᠦᠷ ᠡᠴᠡ ᠴᠦ᠍ ᠤᠷᠢᠳ ᠪᠣᠢ ᠪᠣᠯᠤᠭᠰᠠᠨ ᠤᠴᠢᠷ ᠨᠢ ᠨᠠᠰᠤᠲᠠᠢᠴᠤᠳ᠂ ᠵᠠ ᠪᠠᠢᠵᠠ᠂ ᠣᠯᠠᠨ ᠳ᠋ᠤ᠌ ᠬᠦᠨᠳᠦᠲᠡᠢ ᠲᠣᠮᠣᠭᠠᠲᠠᠢ ᠲᠡᠷᠡ ᠠᠪᠤᠭᠠᠢ᠂ ᠡᠨᠡ ᠠᠪᠤᠭᠠᠢ ᠶᠠᠭᠤ ᠭᠡᠵᠦ ᠪᠣᠯᠭᠣᠭᠠᠳᠠᠭ ᠪᠣᠯ? ᠡᠷᠬᠡ ᠨᠢ ᠬᠡᠮᠵᠢᠶ᠎ᠡ ᠲᠡᠢ ᠪᠣᠯᠤᠭᠰᠠᠨ ᠪᠣᠯᠪᠠᠴᠤ ᠮᠥᠨ ᠬᠣᠰᠢᠭᠤ ᠣᠯᠠᠨ ᠢ᠋ᠶ᠋ᠠᠨ ᠵᠠᠬᠢᠷᠤᠭᠰᠠᠭᠠᠷ ᠪᠠᠢᠭ᠎ᠠ ᠵᠠᠰᠠᠭ ᠨᠣᠶᠠᠳ ᠮᠠᠨᠢ ᠶᠠᠭᠤ ᠠᠢᠯᠠᠳᠳᠠᠭ ᠪᠣᠯ? ᠭᠡᠵᠦ ᠡᠷᠡᠭᠡᠯᠵᠡᠨ᠂ ᠱᠠᠰᠢᠨ ᠤ᠋ ᠮᠤᠬᠤᠷ ᠰᠦᠰᠦᠭ ᠦ᠋ᠨ ᠬᠦᠯᠢᠶᠡᠰᠦᠨ ᠳ᠋ᠦ᠍ ᠪᠠᠷᠢᠭᠳᠠᠭᠰᠠᠨ ᠪᠦᠳᠦᠭᠦᠯᠢᠭ ᠬᠣᠴᠣᠷᠤᠭᠳᠠᠭᠰᠠᠨ ᠬᠥᠮᠦᠰ ᠬᠥᠳᠡᠯᠬᠦ ᠪᠦᠷᠢ ᠯᠠᠮᠠ ᠪᠠᠭᠰᠢ ᠠ᠋ᠴᠠ ᠠᠪᠤᠷᠠᠯ ᠰᠤᠷᠭᠠᠯ ᠭᠡᠵᠦ ᠰᠤᠷᠤᠭᠰᠠᠨ ᠲᠤᠯᠠ᠂ ᠲᠡᠳᠡᠨ ᠢ᠋ᠶ᠋ᠡᠨ ᠶᠠᠭᠤ ᠭᠡᠵᠦ ᠠᠢᠯᠠᠳᠬᠤ ᠪᠣᠯ ᠭᠡᠵᠦ ᠡᠯᠳᠡᠪ ᠲᠦ᠍ ᠨᠤᠷᠰᠢᠨ ᠠᠯᠭᠤᠷᠯᠠᠬᠤ ᠪᠠᠰᠠ ᠪᠠᠢᠵᠠᠢ᠃ ᠤᠷᠢ ᠵᠠᠯᠠᠭᠤ ᠶ᠋ᠢᠨ ᠴᠣᠭ ᠪᠠᠳᠠᠷᠠᠭᠰᠠᠨ ᠵᠠᠯᠠᠭᠤᠴᠤᠳ᠂ ᠠᠷᠠᠳ ᠲᠦᠮᠡᠨ ᠦ᠌ ᠡᠷᠬᠡ ᠵᠢᠷᠭᠠᠯ ᠢ᠋ ᠵᠣᠷᠢᠨ ᠡᠷᠡᠮᠡᠯᠵᠡᠭᠰᠡᠨ ᠪᠠᠬᠠᠳᠤᠯ ᠲᠠᠢ ᠦᠭᠡ ᠶ᠋ᠢ ᠢᠳᠡᠷ ᠵᠠᠯᠠᠭᠤ ᠶ᠋ᠢᠨ ᠬᠥᠭᠵᠢᠯᠲᠦ ᠰᠠᠢᠬᠠᠨ ᠰᠡᠳᠬᠢᠯ ᠢ᠋ᠶ᠋ᠡᠷ ᠲᠣᠰᠣᠨ ᠪᠠᠶᠠᠷᠯᠠᠵᠤ᠂ ᠤᠯᠢᠶᠠᠰᠤᠲᠠᠢ ᠠ᠋ᠴᠠ ᠵᠠᠯᠠᠭᠤᠴᠤᠳ ᠤ᠋ᠨ ᠡᠭᠦᠷ ᠪᠠᠢᠭᠤᠯᠬᠤ ᠬᠥᠮᠦᠨ ᠢᠷᠡᠪᠡ ᠭᠡᠵᠦ ᠣᠯᠵᠤ ᠰᠣᠨᠣᠰᠤᠮᠠᠭᠴᠠ᠂ ᠵᠠᠯᠠᠭᠤᠴᠤᠳ ᠤ᠋ᠨ ᠬᠤᠷᠠᠯ ᠳ᠋ᠤ᠌ ᠰᠠᠭᠤᠯᠴᠠᠨ᠎ᠠ᠂ ᠴᠣᠢᠪᠠᠯᠰᠠᠩ ᠤ᠋ᠨ ᠤᠳᠤᠷᠢᠳᠤᠭᠰᠠᠨ ᠬᠤᠪᠢᠰᠬᠠᠯᠲᠤ ᠵᠠᠯᠠᠭᠤᠴᠤᠳ ᠤ᠋ᠨ ᠭᠡᠰᠢᠭᠦᠨ ᠪᠣᠯᠤᠨ᠎ᠠ᠂ ᠮᠣᠩᠭᠣᠯ ᠤᠯᠤᠰ ᠤ᠋ᠨ ᠢ᠋ᠶ᠋ᠠᠨ ᠡᠷᠬᠡ ᠴᠢᠯᠥᠭᠡ᠂ ᠲᠤᠰᠠᠭᠠᠷ ᠲᠣᠭᠲᠠᠨᠢᠬᠤ ᠶ᠋ᠢᠨ ᠲᠥᠯᠥᠭᠡ᠂ ᠠᠷᠠᠳ ᠲᠦᠮᠡᠨ ᠦ᠌ ᠪᠡᠨ ᠡᠷᠬᠡ ᠵᠢᠷᠭᠠᠯ᠂ ᠬᠣᠢᠴᠢ ᠶ᠋ᠢᠨ ᠰᠠᠢᠬᠠᠨ ᠪᠠᠢᠳᠠᠯ ᠤ᠋ᠨ ᠲᠥᠯᠥᠭᠡ ᠬᠠᠯᠠᠭᠤᠨ ᠠᠮᠢ ᠪᠦᠯᠢᠶᠡᠨ ᠴᠢᠰᠤ ᠪᠠᠨ ᠬᠠᠢᠷᠠᠯᠠᠬᠤ ᠦᠭᠡᠢ᠂ ᠬᠠᠷᠭᠢᠰ ᠳᠠᠢᠰᠤᠨ ᠤ᠋ ᠱᠠᠭᠠᠢᠭᠰᠠᠨ ᠫᠤᠤ᠂ ᠳᠠᠯᠠᠢᠭᠰᠠᠨ ᠰᠡᠯᠡᠮ᠎ᠡ ᠡᠴᠡ ᠬᠠᠯᠲᠤᠷᠢᠬᠤ ᠦᠭᠡᠢ ᠭᠡᠵᠦ ᠡᠷᠡᠮᠡᠬᠡᠢ ᠵᠣᠷᠢᠭ ᠪᠠᠳᠠᠷᠠᠭᠰᠠᠨ ᠡᠷᠡᠯᠬᠡᠭ ᠵᠠᠯᠠᠭᠤᠴᠤᠳ ᠤ᠋ᠨ ᠵᠢᠪᠬᠤᠯᠠᠩᠲᠤ ᠲᠠᠩᠭᠠᠷᠢᠭ ᠢ᠋ ᠵᠢᠷᠤᠮ ᠤ᠋ᠨ ᠣᠯᠠᠨ ᠨᠥᠬᠥᠳ ᠦ᠋ᠨ ᠡᠮᠦᠨ᠎ᠡ ᠥᠭᠴᠦ᠂ ᠲᠡᠷᠡ ᠦᠶ᠎ᠡ ᠳ᠋ᠦ᠍ ᠭᠡᠷᠡᠯ ᠵᠢᠷᠤᠭ ᠤ᠋ᠨ ᠣᠷᠣᠨ ᠳ᠋ᠤ᠌ ᠪᠠᠲᠤ ᠢᠯᠡᠷᠬᠡᠢᠯᠡᠬᠦ ᠳ᠋ᠡᠭᠡᠨ ( ᠳ᠋ᠦ᠍ ᠪᠡᠨ) ᠪᠠᠷᠠᠭᠤᠨ ᠭᠠᠷ ᠤ᠋ᠨ ᠡᠷᠡᠬᠡᠢ ᠬᠤᠷᠤᠭᠤᠨ ᠤ᠋ ᠬᠤᠸᠠᠶᠣᠣᠷ(ᠬᠤᠸᠠᠶᠠᠷ) ᠢ᠋ ᠭᠠᠷ ᠤ᠋ᠨ ᠦᠰᠦᠭ ᠦ᠋ᠨ ᠳᠡᠷᠭᠡᠳᠡ ᠰᠡᠳᠬᠢᠯ ᠬᠥᠳᠡᠯᠦᠨ᠂ ᠲᠡᠰᠬᠡᠯ ᠦᠭᠡᠢ ᠪᠠᠬᠠᠳᠤᠨ ᠳᠠᠷᠤᠬᠤ ᠭᠡᠵᠦ ᠶᠠᠮᠠᠷ ᠴᠤ᠌《ᠨᠤᠲᠤᠭ ᠤ᠋ᠨ ᠲᠣᠮᠣᠭᠠᠲᠠᠢ ᠬᠥᠮᠦᠨ》 ᠶᠠᠮᠠᠷ ᠴᠤ᠌ ᠯᠠᠮᠠ ᠪᠠᠭᠰᠢ᠂ ᠨᠣᠶᠠᠳ ᠶᠡᠬᠡᠰ ᠦ᠋ᠨ ᠬᠣᠷᠢᠭᠯᠠᠬᠤ ᠦᠭᠡᠨ ᠳ᠋ᠦ᠍ ᠲᠣᠭᠲᠠᠬᠤ ᠦᠭᠡᠢ᠂ ᠮᠣᠷᠢᠨ ᠤ᠋ ᠪᠠᠨ ᠰᠠᠢᠨ ᠢ᠋ ᠤᠨᠤᠵᠤ ᠪᠠᠶᠠᠷᠯᠠᠯᠳᠤᠨ ᠣᠴᠢᠵᠠᠭᠠᠳᠠᠭ ᠪᠣᠯᠵᠠᠢ᠃
ᠬᠥᠬᠡ ᠲᠩᠷᠢ ᠶ᠋ᠢᠨ ᠠᠭᠤᠳᠠᠮ ᠠᠰᠠᠷ ᠳᠣᠣᠷ᠎ᠠ᠂ ᠬᠥᠬᠡ ᠬᠡᠪᠢᠰ ᠳᠡᠪᠢᠰᠦᠭᠰᠡᠨ ᠰᠢᠭ ᠰᠠᠢᠬᠠᠨ᠂ ᠬᠢᠵᠠᠭᠠᠷ ᠬᠢᠶᠠᠷᠬᠠᠭ ᠦᠭᠡᠢ ᠠᠭᠤᠳᠠᠮ ᠲᠠᠯ᠎ᠠ ᠶ᠋ᠢᠨ ᠲᠡᠨᠢᠭᠦᠨ ᠰᠠᠷᠠᠭᠤᠯ ᠳ᠋ᠤ᠌ ᠤᠨᠤᠭᠰᠠᠨ ᠮᠣᠷᠢ ᠪᠠᠨ ᠬᠠᠳᠠ ᠮᠡᠲᠦ ᠬᠠᠨᠳᠠᠷᠢᠵᠤ᠂ ᠬᠠᠢᠷᠴᠠᠭ ᠮᠡᠲᠦ ᠲᠤᠱᠠᠭᠠᠳ᠂ ᠡᠩᠭᠡᠷ ᠳᠡᠭᠡᠷ᠎ᠡ ᠪᠡᠨ ᠬᠦᠷᠡᠩ ᠤᠯᠠᠭᠠᠨ ᠫᠠᠯᠠᠩᠲᠠᠢ ᠪᠢᠴᠢᠬᠠᠨ ᠮᠥᠩᠭᠥᠨ ᠲᠠᠪᠤᠨ ᠬᠣᠰᠢᠭᠤ ᠲᠡᠮᠳᠡᠭ ᠲᠡᠢ᠂ ᠠᠯᠤᠰ ᠠ᠋ᠴᠠ ᠵᠣᠷᠢᠵᠤ ᠢᠷᠡᠭᠰᠡᠨ ᠴᠣᠭ ᠲᠠᠢ ᠵᠠᠯᠠᠭᠤ ᠶ᠋ᠢ ᠲᠣᠭᠣᠷᠢᠩᠬᠠᠨ ᠰᠠᠭᠤᠭᠠᠳ᠂ ᠵᠥᠪᠯᠡᠯ ᠦ᠋ᠨ ᠵᠠᠰᠠᠭᠲᠤ ᠣᠷᠣᠰ ᠤ᠋ᠨ ᠡᠷᠬᠡ ᠴᠢᠯᠥᠭᠡᠲᠦ ᠠᠵᠢᠯᠴᠢᠨ ᠲᠠᠷᠢᠶᠠᠴᠢᠨ ᠠᠤᠭ᠎ᠠ ᠬᠦᠴᠦᠲᠦ ᠤᠯᠤᠰ ᠤ᠋ᠨ ᠠᠬ᠎ᠠ ᠳᠡᠭᠦᠦ ᠮᠡᠲᠦ ᠳᠣᠲᠣᠨᠣ ᠡᠯᠢᠭᠡᠰᠡᠭ ᠲᠤᠰᠠᠯᠠᠮᠵᠢ ᠶ᠋ᠢ ᠲᠦᠰᠢᠵᠦ᠂ ᠠᠷᠠᠳ ᠣᠯᠠᠨ ᠶᠤᠭᠠᠨ ᠡᠷᠬᠡ ᠵᠢᠷᠭᠠᠯ ᠲᠡᠭᠦᠰ ᠰᠠᠢᠬᠠᠨ ᠪᠠᠢᠳᠠᠯ ᠳ᠋ᠤ᠌ ᠤᠳᠤᠷᠢᠳᠤᠭᠴᠢ ᠰᠦᠬᠡᠪᠠᠭᠠᠲᠤᠷ ᠴᠣᠢᠪᠠᠯᠰᠠᠩ ᠤ᠋ᠨ ᠡᠭᠦᠰᠬᠡᠨ ᠪᠠᠢᠭᠤᠯᠤᠭᠰᠠᠨ ᠨᠠᠮ ᠤ᠋ᠨ ᠬᠣᠢᠴᠢ ᠶ᠋ᠢ ᠵᠠᠯᠭᠠᠮᠵᠢᠯᠠᠭᠴᠢ ᠪᠠᠲᠤ ᠵᠢᠷᠤᠮᠲᠤ ᠬᠦᠴᠦᠨ ᠪᠣᠯᠵᠤ᠂ ᠬᠥᠳᠡᠯᠮᠦᠷᠢᠴᠢᠨ ᠠᠷᠠᠳ ᠤ᠋ᠨ ᠰᠢᠨ᠎ᠡ ᠤᠯᠤᠰ ᠲᠥᠷᠥ ᠶ᠋ᠢ ᠪᠦᠲᠦᠭᠡᠨ ᠪᠣᠰᠬᠠᠭᠴᠢ ᠴᠢᠩ ᠵᠢᠳᠬᠦᠯᠲᠡᠨ ᠪᠤᠯᠵᠠᠭᠠ ᠭᠡᠵᠦ ᠲᠣᠳᠣᠷᠬᠠᠢ ᠲᠣᠮᠣᠷᠠᠭᠤᠨ᠂ ᠢᠷᠠᠭᠤ ᠰᠠᠢᠬᠠᠨ ᠦᠭᠡ ᠪᠡᠷ ᠤᠷᠢᠶᠠᠯᠠᠭᠰᠠᠨ ᠮᠣᠩᠭᠣᠯ ᠤ᠋ᠨ ᠬᠤᠪᠢᠰᠬᠠᠯᠲᠤ ᠵᠠᠯᠠᠭᠤᠴᠤᠳ ᠤ᠋ᠨ ᠡᠪᠯᠡᠯ ᠦ᠋ᠨ ᠲᠥᠪ ᠬᠣᠷᠢᠶᠠᠨ ᠤ᠋ ᠤᠷᠢᠶ᠎ᠠ ᠲᠤᠩᠬᠠᠭ ᠤ᠋ᠨ ᠰᠡᠳᠬᠢᠯ ᠵᠢᠷᠦᠬᠡ ᠶ᠋ᠢ ᠳᠣᠭᠳᠣᠯᠤᠮ᠎ᠠ ᠢᠷᠠᠭᠤ ᠴᠢᠳᠠᠯ ᠲᠠᠢ ᠦᠭᠡ ᠶ᠋ᠢ ᠪᠠᠬᠠᠳᠤᠨ ᠰᠣᠨᠣᠰᠴᠤ᠂ ᠴᠣ ᠰᠢᠨ᠎ᠡ ᠪᠠᠲᠤ ᠢᠯᠡᠷᠬᠡᠢᠯᠡᠬᠦ ᠶ᠋ᠢ ᠵᠢᠷᠦᠬᠡᠨ ᠦ᠌ ᠲᠤᠰᠢᠶ᠎ᠠ ᠡᠪᠦᠷᠲᠦᠯᠡᠭᠡᠳ᠂ ᠰᠢᠪ ᠰᠢᠨᠡᠬᠡᠨ ᠫᠠᠯᠠᠩ ᠨᠢ ᠭᠢᠯᠠᠯᠵᠠᠭᠰᠠᠨ ᠪᠢᠴᠢᠬᠠᠨ ᠲᠠᠪᠤᠨ ᠬᠣᠰᠢᠭᠤ ᠲᠡᠮᠳᠡᠭ ᠡᠩᠭᠡᠷ ᠲᠡᠭᠡᠨ ᠬᠠᠳᠠᠵᠠᠭᠠᠭᠠᠳ᠂
《ᠮᠠᠨ ᠤ᠋ ᠵᠠᠯᠠᠭᠤᠴᠤᠳ ᠤ᠋ᠨ ᠡᠪᠯᠡᠯ ᠢ᠋
《ᠮᠠᠨᠳᠤᠬᠤ ᠨᠠᠷᠠᠨ ᠯᠤᠭ᠎ᠠ ᠦᠯᠢᠭᠡᠷᠯᠡᠶᠡ》 ᠭᠡᠵᠦ ᠲᠡᠷᠡ ᠦᠶ᠎ᠡ ᠶ᠋ᠢᠨ ᠵᠠᠯᠠᠭᠤᠴᠤᠳ ᠤ᠋ᠨ ᠳᠠᠭᠤᠯᠠᠯ ᠢ᠋ ᠠᠩᠬ᠎ᠠ ᠡᠭᠡᠰᠢᠭᠯᠡᠨ ᠳᠠᠭᠤᠯᠠᠭᠰᠠᠨ ᠲᠡᠷᠡ ᠡᠳᠦᠷ ᠢ᠋ ᠨᠢᠭᠡ ᠨᠠᠰᠤᠨ ᠤ᠋ ᠪᠠᠬᠠᠲᠠᠢ ᠳᠤᠷᠠᠰᠬᠠᠯ ᠪᠣᠯᠭᠠᠳᠠᠭ ᠪᠠᠢᠯ᠎ᠠ᠃
ᠡᠷᠲᠡᠨ ᠤᠷᠢᠳᠤ ᠴᠠᠭ ᠲᠤ᠌ ᠠᠷᠪᠠᠨ ᠡᠷᠦᠬᠡ ᠳᠣᠳᠣᠮ ᠠ᠋ᠴᠠ ᠠᠷᠪᠠᠨ ᠡᠷ᠎ᠡ ᠮᠣᠷᠳᠠᠭᠤᠯᠳᠠᠭ ᠤᠴᠢᠷ ᠠᠷᠪᠠᠨ ᠭᠡᠵᠦ᠂ ᠲᠠᠪᠢᠨ ᠡᠷᠦᠬᠡ ᠳᠣᠳᠣᠮ ᠠ᠋ᠴᠠ ᠲᠠᠪᠢᠨ ᠡᠷ᠎ᠡ ᠮᠣᠷᠳᠠᠳᠠᠭ ᠤᠴᠢᠷ ᠠ᠋ᠴᠠ ᠲᠠᠪᠢᠨ ᠪᠤᠶᠤ ᠪᠠᠭ ᠭᠡᠵᠦ᠂ ᠵᠠᠭᠤ ᠠ᠋ᠴᠠ ᠵᠠᠭᠤᠨ ᠲᠠᠪᠢᠨ ᠡᠷᠦᠬᠡ ᠳᠣᠳᠣᠮ ᠠ᠋ᠴᠠ ᠵᠠᠭᠤ ᠪᠤᠶᠤ ᠵᠠᠭᠤᠨ ᠲᠠᠪᠢᠨ ᠡᠷ᠎ᠡ ᠮᠣᠷᠳᠠᠭᠤᠯᠳᠠᠭ ᠤᠴᠢᠷ ᠰᠤᠮᠤ ᠭᠡᠵᠦ ᠬᠠᠷᠪᠤᠬᠤ ᠰᠤᠮᠤ ᠶ᠋ᠢᠨ ᠨᠡᠷ᠎ᠡ ᠪᠡᠷ ᠵᠠᠩᠰᠢᠨ ᠨᠡᠷᠡᠯᠡᠵᠦ ᠢᠷᠡᠭᠰᠡᠨ ᠵᠠᠰᠠᠭ ᠵᠠᠬᠢᠷᠭᠠᠨ ᠤ᠋ ᠦᠨᠳᠦᠰᠦᠨ ᠪᠠᠢᠭᠤᠯᠤᠯᠭ᠎ᠠ ᠳ᠋ᠤ᠌ ᠠᠷᠪᠠᠨ ᠤ᠋ ᠳᠠᠷᠤᠭ᠎ᠠ᠂ ᠪᠠᠭ ᠤ᠋ᠨ ᠳᠠᠷᠤᠭ᠎ᠠ᠂ ᠰᠤᠮᠤᠨ ᠵᠠᠩᠭᠢ ᠶ᠋ᠢ ᠲᠤᠰ ᠲᠤᠰ ᠰᠤᠮᠤ᠂ ᠪᠠᠭ᠂ ᠠᠷᠪᠠᠨ ᠤ᠋ ᠬᠤᠷᠠᠯ ᠢ᠋ᠶ᠋ᠠᠷ ᠰᠣᠩᠭᠣᠨ ᠲᠣᠬᠣᠭᠠᠬᠤ ᠪᠣᠯᠵᠠᠢ᠃
ᠬᠤᠰᠢᠭᠤᠨ ᠤ᠋ ᠵᠠᠰᠠᠭ ᠨᠣᠶᠠᠳ ᠢ᠋ ᠵᠠᠰᠠᠭ ᠨᠣᠶᠠᠨ ᠭᠡᠬᠦ ᠶ᠋ᠢ ᠪᠠᠢᠵᠤ᠂ ᠵᠠᠰᠠᠭ ᠳᠠᠷᠤᠭ᠎ᠠ ᠭᠡᠵᠦ ᠨᠡᠷᠡᠯᠡᠬᠦ ᠪᠣᠯᠵᠠᠢ᠃
ᠠᠷᠪᠠᠨ ᠤ᠋ ᠳᠡᠪᠢᠰᠬᠡᠷ ᠨᠤᠲᠤᠭ ᠲᠤ᠌ ᠪᠦᠷᠢᠳᠬᠡᠭᠦᠯᠦᠭᠰᠡᠨ ᠯᠠᠮᠠ ᠬᠤᠸᠠᠷᠠᠭ᠂ ᠵᠠᠰᠠᠭ ᠨᠣᠶᠠᠨ᠂ ᠵᠠᠰᠠᠭ ᠪᠤᠰᠤ ᠰᠤᠯᠠ ᠸᠠᠩ ᠬᠦᠩ ᠦ᠋ᠨ ᠵᠡᠷᠭᠡ ᠣᠯᠠᠨ ᠨᠣᠶᠠᠳ ᠲᠠᠢᠵᠢ ᠬᠡᠨ ᠴᠦ᠍ ᠭᠡᠰᠡᠨ ᠴᠥᠮ ᠲᠤᠬᠠᠢ ᠶ᠋ᠢᠨ ᠠᠷᠪᠠᠨ ᠤ᠋ ᠳᠠᠷᠤᠭ᠎ᠠ ᠳ᠋ᠤ᠌ ᠵᠠᠬᠢᠷᠤᠭᠳᠠᠬᠤ ᠳᠦᠷᠢᠮ ᠲᠡᠢ ᠪᠣᠯᠵᠠᠢ᠃ ᠡᠭᠦᠨ ᠳ᠋ᠦ᠍ ᠠᠷᠪᠠᠨ ᠤ᠋ ᠳᠠᠷᠤᠭ᠎ᠠ ᠨᠢ ᠲᠡᠷᠡ ᠨᠣᠶᠠᠨ ᠤ᠋ ᠠᠯᠪᠠᠲᠤ ᠨᠢ ᠪᠠᠢᠵᠤ᠂ ᠨᠣᠶᠠᠨ ᠠ᠋ᠴᠠ ᠶᠡᠬᠡᠯ᠎ᠡ (ᠶᠡᠬᠡ ᠯᠡ) ᠠᠶᠤᠨ ᠡᠮᠢᠶᠡᠳᠡᠭ ᠪᠣᠯᠪᠠᠴᠤ᠂ ᠠᠷᠭ᠎ᠠ ᠪᠤᠶᠤ ᠠᠷᠠᠳ ᠤ᠋ᠨ ᠡᠷᠬᠡ ᠶ᠋ᠢ ᠡᠷᠬᠢᠮᠯᠡᠨ ᠬᠦᠨᠳᠦᠳᠬᠡᠭᠴᠢ ᠰᠢᠨ᠎ᠡ ᠵᠠᠰᠠᠭ ᠤ᠋ᠨ ᠬᠠᠤᠯᠢ ᠳᠦᠷᠢᠮ ᠶᠣᠰᠣᠭᠠᠷ ᠠᠷᠠᠳ ᠣᠯᠠᠨ ᠤ᠋ ᠰᠣᠩᠭᠣᠨ ᠲᠣᠬᠣᠭᠠᠭᠰᠠᠨ᠂ ᠠᠷᠠᠳ ᠤ᠋ᠨ ᠡᠷᠬᠡᠲᠦ ᠵᠠᠰᠠᠭ ᠤ᠋ᠨ ᠦᠨᠳᠦᠰᠦᠨ ᠪᠠᠢᠭᠤᠯᠤᠯᠭ᠎ᠠ ᠶ᠋ᠢᠨ ᠡᠷᠬᠡ ᠪᠠᠷᠢᠭᠴᠢ ᠮᠥᠨ ᠪᠣᠯᠬᠤ ᠲᠤᠯᠠ᠂ ᠠᠷᠪᠠᠨ ᠤ᠋ ᠳᠠᠷᠤᠭ᠎ᠠ ᠶ᠋ᠢᠨ ᠬᠤᠪᠢ ᠪᠠᠷ ᠶᠠᠮᠠᠷ ᠴᠤ᠌ ᠨᠣᠶᠠᠳ ᠢ᠋ ᠵᠠᠬᠢᠷᠬᠤ ᠪᠣᠯᠵᠠᠢ᠃
ᠨᠠᠮᠤᠷ ᠤ᠋ᠨ ᠡᠬᠢᠨ ᠰᠠᠷ᠎ᠠ ᠳ᠋ᠤ᠌ ᠵᠠᠷᠢᠮ ᠬᠤᠰᠢᠭᠤᠨ ᠳ᠋ᠤ᠌ ᠣᠷᠣᠨ ᠨᠤᠲᠤᠭ ᠤ᠋ᠨ ᠳᠣᠣᠷᠠᠲᠤ ᠱᠠᠲᠤᠨ ᠤ᠋ ᠰᠣᠩᠭᠣᠭᠤᠯᠢ ᠶᠠᠪᠤᠭᠤᠯᠵᠤ᠂ ᠰᠤᠮᠤᠨ ᠵᠠᠩᠭᠢ ᠵᠡᠷᠭᠡ ᠶ᠋ᠢᠨ ᠡᠷᠬᠡ ᠪᠠᠷᠢᠭᠴᠢᠳ ᠢ᠋ ᠰᠣᠩᠭᠣᠬᠤ ᠪᠣᠯᠤᠭᠰᠠᠨ ᠨᠢ ᠠᠷᠠᠳ ᠤ᠋ᠨ ᠵᠠᠰᠠᠭ ᠤ᠋ᠨ ᠡᠭᠦᠰᠬᠡᠨ ᠶᠠᠪᠤᠭᠤᠯᠤᠭᠰᠠᠨ ᠵᠠᠰᠠᠭ ᠵᠠᠰᠠᠭᠯᠠᠯ ᠤ᠋ᠨ ᠨᠢᠭᠡ ᠰᠢᠨ᠎ᠡ ᠵᠦᠢᠯ ᠪᠥᠯᠥᠭᠡ᠃ ᠯᠣᠳᠣᠢ ᠪᠠᠢᠰᠠ᠂ ᠪᠡᠯᠪᠡᠰᠦᠨ ᠡᠮᠡᠭᠡᠨ ᠫᠡᠯᠵᠠᠢ ᠶ᠋ᠢᠨ ᠬᠦᠦ ᠴᠢᠯᠠᠭᠤᠨ ᠢ᠋ ᠵᠠᠩᠭᠢ ᠪᠣᠯᠭᠠᠵᠤ ᠰᠣᠩᠭᠣᠪᠠᠯ ᠶᠠᠮᠠᠷ ᠪᠣᠯ ᠭᠡᠵᠦ ᠨᠢᠭᠡ ᠬᠣᠨᠢᠴᠢᠨ ᠤ᠋ ᠪᠠᠨ ᠡᠮᠢᠶᠡᠰᠬᠢᠨ ᠭᠠᠷᠭᠠᠭᠰᠠᠨ ᠰᠠᠨᠠᠯ ᠢ᠋ ᠳᠤᠷᠠᠲᠠᠢ ᠵᠥᠪᠰᠢᠨ ᠳᠡᠮᠵᠢᠵᠦ ᠪᠢᠯᠡ᠃ ᠠᠦ᠋ᠲ᠋ᠣᠨᠣᠮᠢᠲᠤ ᠶ᠋ᠢᠨ ᠦᠶ᠎ᠡ ᠳ᠋ᠦ᠍ ᠪᠠᠢᠰᠠ ᠶ᠋ᠢᠨ ᠵᠡᠷᠭᠡ ᠬᠤᠳᠠᠯᠳᠤᠨ ᠠᠪᠤᠭᠰᠠᠨ ᠲᠡᠷᠡ ᠬᠥᠭᠰᠢᠨ ᠪᠠᠶᠠᠨ ᠲᠡᠭᠡᠵᠦ ᠶᠠᠳᠠᠭᠤ ᠵᠠᠷᠤᠴᠠ ᠬᠥᠮᠦᠨ ᠢ᠋ ᠰᠣᠩᠭᠣᠬᠤ ᠰᠠᠨᠠᠯ ᠢ᠋ ᠢᠳᠡᠪᠬᠢᠯᠡᠨ ᠵᠥᠪᠰᠢᠶᠡᠷᠡᠭᠰᠡᠨ ᠢ᠋ᠶ᠋ᠡᠷ《ᠤᠯᠠᠭᠠᠨ ᠤ᠋ ᠲᠠᠯ᠎ᠠ ᠳ᠋ᠤ᠌ ᠨᠢᠭᠤᠷ ᠣᠯᠬᠤ》 ᠭᠡᠵᠦ ᠳᠣᠲᠣᠷ᠎ᠠ ᠪᠠᠨ ᠪᠣᠳᠣᠵᠤ᠂ ᠰᠣᠩᠭᠣᠭᠤᠯᠢ ᠶ᠋ᠢᠨ ᠬᠤᠷᠠᠯ ᠳ᠋ᠤ᠌ ᠪᠣᠰᠴᠤ ᠦᠭᠡ ᠬᠡᠯᠡᠬᠦ ᠳ᠋ᠡᠭᠡᠨ( ᠳ᠋ᠦ᠍ ᠪᠡᠨ)᠂ ᠬᠡᠮᠵᠢᠶᠡᠲᠦ ᠡᠷᠬᠡᠲᠦ ᠰᠢᠨ᠎ᠡ ᠠᠷᠠᠳ ᠤᠯᠤᠰ᠂ ᠠᠷᠠᠳ ᠤ᠋ᠨ ᠡᠷᠬᠡ ᠭᠡᠵᠦ ᠰᠣᠨᠢᠨ ᠰᠡᠳᠬᠦᠯ ᠡᠴᠡ ᠴᠡᠭᠡᠵᠢᠯᠡᠭᠰᠡᠨ ᠰᠢᠨ᠎ᠡ ᠦᠭᠡ᠂ ᠨᠡᠷ᠎ᠡ ᠲᠣᠮᠢᠶ᠎ᠠ ᠬᠡᠷᠡᠭᠯᠡᠳᠡᠭ ᠢ᠋ᠶ᠋ᠡᠨ ᠣᠯᠠᠨ ᠤ᠋ ᠡᠮᠦᠨ᠎ᠡ ᠭᠠᠢᠬᠠᠭᠤᠯᠤᠨ᠂ ᠶᠡᠬᠡ ᠤᠳᠠᠲᠠᠯ᠎ᠠ ᠨᠤᠷᠰᠢᠵᠤ ᠮᠠᠰᠢ ᠣᠯᠠᠨ ᠦᠭᠡ ᠬᠡᠯᠡᠵᠡᠢ᠃《ᠮᠠᠨ ᠤ᠋ ᠬᠡᠮᠵᠢᠶᠡᠲᠦ ᠡᠷᠬᠡᠲᠦ ᠪᠣᠭᠳᠠ ᠡᠵᠡᠨ ᠬᠠᠭᠠᠨ》᠂《ᠮᠠᠨ ᠤ᠋ ᠠᠷᠠᠳ ᠤ᠋ᠨ ᠡᠷᠬᠡᠲᠦ᠂ ᠬᠡᠮᠵᠢᠶᠡᠲᠦ ᠴᠠᠭᠠᠵᠠᠲᠤ ᠤᠯᠤᠰ》᠂《ᠠᠷᠠᠳ ᠲᠦᠮᠡᠨ ᠦ᠌ ᠡᠷᠬᠡ ᠴᠢᠯᠥᠭᠡ ᠶ᠋ᠢ ᠬᠦᠨᠳᠦᠳᠬᠡᠬᠦ》᠂《ᠮᠠᠨ ᠤ᠋ ᠵᠤᠵᠠᠭᠠᠨ ᠨᠠᠢᠷᠠᠮᠳᠠᠯᠲᠤ ᠵᠥᠪᠯᠡᠯᠲᠦ ᠣᠷᠣᠰ ᠤᠯᠤᠰ》᠂《ᠮᠠᠨ ᠤ᠋ ᠠᠷᠠᠳ ᠤ᠋ᠨ ᠬᠤᠪᠢᠰᠬᠠᠯᠲᠤ ᠴᠡᠷᠢᠭ》᠂《 ᠡᠵᠡᠷᠬᠡᠭ ᠲᠦᠷᠢᠮᠡᠬᠡᠢ ᠭᠠᠫᠢᠲ᠋ᠠᠯ ᠬᠥᠷᠥᠩᠭᠡᠲᠡᠨ》᠂《 ᠪᠣᠱᠣᠭ ᠢ᠋ ᠬᠠᠯᠠᠬᠤ ᠬᠤᠪᠢᠰᠬᠠᠯ》 ᠭᠡᠬᠦ ᠮᠡᠲᠦ ᠶ᠋ᠢᠨ ᠦᠭᠡ ᠶ᠋ᠢ ᠠᠮᠠᠨ ᠠ᠋ᠴᠠ ᠪᠠᠨ ᠬᠣᠪᠬᠣᠯᠤᠯ ᠦᠭᠡᠢ᠂ ᠡᠳᠦᠢ ᠲᠡᠳᠦᠢ ᠨᠤᠷᠰᠢᠨ ᠶᠠᠷᠢᠭᠠᠳ᠂ ᠯᠣᠳᠣᠢ ᠪᠡᠢᠰᠡ ᠰᠢᠨ᠎ᠡ ᠵᠠᠰᠠᠭ ᠢ᠋ ᠣᠢᠰᠢᠶᠠᠳᠠᠭ᠂ ᠮᠥᠨ ᠠᠷᠠᠳ ᠤ᠋ᠨ ᠡᠷᠬᠡ ᠴᠢᠯᠥᠭᠡ ᠶ᠋ᠢ ᠬᠦᠨᠳᠦᠳᠬᠡᠳᠡᠭ ᠢ᠋ᠶ᠋ᠡᠨ ᠲᠡᠭᠦᠪᠡᠷ ᠶᠡᠬᠡᠯ᠎ᠡ( ᠶᠡᠬᠡ ᠯᠡ )ᠰᠠᠢᠨ ᠢ᠋ᠶ᠋ᠠᠷ ᠦᠵᠡᠭᠦᠯᠪᠡ ᠭᠡᠵᠦ ᠪᠣᠳᠣᠭᠠᠳ᠂ ᠴᠢᠯᠠᠭᠤᠨ ᠢ᠋ ᠰᠣᠩᠭᠣᠬᠤ ᠰᠠᠨᠠᠯ ᠢ᠋ ᠪᠦᠭᠦᠳᠡᠭᠡᠷ ᠨᠢᠭᠡᠨ ᠰᠡᠳᠬᠢᠯ ᠢ᠋ᠶ᠋ᠡᠷ ᠭᠠᠷ ᠡᠷᠭᠦᠨ ᠵᠥᠪᠰᠢᠶᠡᠷᠡᠶᠡ ᠭᠡᠵᠦ ᠨᠤᠷᠰᠢᠨ᠂ ᠤᠷᠲᠤ ᠦᠭᠡᠨ ᠦ᠌ ᠲᠡᠭᠦᠰᠬᠡᠯ ᠳ᠋ᠦ᠍ ᠬᠡᠯᠡᠬᠦ ᠳ᠋ᠡᠭᠡᠨ ( ᠳ᠋ᠦ᠍ ᠪᠡᠨ)᠂
— ᠡᠬᠡ ᠡᠴᠢᠭᠡ ᠨᠢ ᠶᠣᠰᠣᠲᠠᠢ ᠰᠢᠩᠬᠡᠭ ᠶᠠᠳᠠᠭᠤ ᠳᠣᠣᠷᠠᠲᠤ ᠵᠠᠷᠤᠴᠠ ᠠᠷᠠᠳ ᠭᠡᠵᠦ ᠪᠢᠲᠡᠭᠦᠦ ᠪᠡᠷ ᠶᠣᠵᠣᠯᠠᠵᠤ ᠬᠡᠯᠡᠭᠡᠳ᠂ ᠲᠩᠷᠢ ᠶ᠋ᠢᠨ ᠬᠡᠰᠢᠭ ᠢ᠋ᠶ᠋ᠡᠷ ᠦᠷᠡᠵᠢᠨ ᠥᠰᠦᠭᠴᠢ ᠮᠢᠨᠦ ᠮᠠᠯ ᠬᠠᠷᠢᠭᠤᠯᠬᠤ ᠳ᠋ᠠᠭᠠᠨ ( ᠳ᠋ᠤ᠌ ᠪᠠᠨ) ᠨᠠᠳᠠᠳᠤ (ᠨᠠᠳᠠ ᠳ᠋ᠤ᠌) ᠬᠦᠴᠦᠨ ᠵᠢᠳᠬᠦᠵᠦ ᠪᠠᠢᠭᠰᠠᠨ ᠰᠢᠳᠤᠷᠭᠤ ᠶᠠᠳᠠᠭᠤ ᠬᠥᠮᠦᠨ ᠦ᠌ ᠬᠡᠦᠬᠡᠳ ᠭᠡᠳᠡᠭ ᠢ᠋ ᠪᠢ ᠪᠠᠲᠤᠯᠠᠨ ᠬᠡᠯᠡᠶ᠎ᠡ᠃ ᠪᠢ ᠡᠴᠢᠭᠡ ᠶ᠋ᠢ ᠨᠢ ᠠᠮᠢᠳᠤ ᠪᠠᠢᠬᠤ ᠳ᠋ᠤ᠌ ᠪᠣᠯᠬᠤ ᠵᠣᠬᠢᠬᠤ ᠪᠠᠷ ᠲᠤᠰᠠᠯᠠᠵᠤ ᠪᠠᠢᠭᠰᠠᠨ᠃ ᠣᠳᠣ ᠡᠬᠡ ᠳ᠋ᠦ᠍ᠨᠢ( ᠳ᠋ᠦ᠍ ᠨᠢ) ᠴᠦ᠍ ᠭᠡᠰᠡᠨ ᠬᠢᠷᠢ ᠴᠢᠳᠠᠯ ᠢ᠋ᠶ᠋ᠠᠨ ᠢ᠋ᠶ᠋ᠠᠨ ᠲᠤᠰᠠᠯᠠᠵᠤ ᠪᠠᠢᠳᠠᠭ ᠢ᠋ᠶ᠋ᠠᠷ ᠪᠠᠷᠠᠬᠤ ᠦᠭᠡᠢ᠂ ᠠᠷᠠᠳ ᠤ᠋ᠨ ᠡᠷᠬᠡᠲᠦ ᠵᠠᠰᠠᠭ ᠤ᠋ᠨ ᠥᠷᠥᠰᠢᠶᠡᠯ ᠡᠨᠡᠷᠢᠯᠲᠦ ᠪᠣᠳᠣᠯᠭ᠎ᠠ ᠶ᠋ᠢ ᠪᠢᠰᠢᠷᠡᠵᠦ᠂ ᠰᠢᠳᠤᠷᠭᠤ ᠶᠠᠳᠠᠭᠤ ᠠᠷᠠᠳ ᠡᠴᠢᠭᠡ ᠡᠬᠡ ᠲᠡᠢ ᠡᠨᠡ ᠲᠣᠮᠣᠭᠠᠲᠠᠢ ᠵᠢᠭᠠᠯ ᠬᠦᠦ ᠶ᠋ᠢ ᠰᠤᠮᠤᠨ ᠵᠠᠩᠭᠢ ᠶ᠋ᠢᠨ ᠲᠤᠰᠢᠶᠠᠯ ᠳ᠋ᠤ᠌ ᠲᠣᠬᠣᠭᠠᠨ ᠰᠣᠩᠭᠣᠬᠤ ᠳ᠋ᠤ᠌ ᠳᠤᠷᠠᠲᠠᠢ ᠭᠠᠷ ᠡᠷᠭᠦᠨ ᠪᠠᠲᠤᠯᠠᠬᠤ ᠰᠠᠨᠠᠯ ᠢ᠋ᠶ᠋ᠠᠨ ᠢᠯᠡᠳᠬᠡᠶ᠎ᠡ᠃ ᠮᠢᠨᠦ ᠪᠡᠶ᠎ᠡ ᠴᠦ᠍ ᠪᠠᠰᠠ ᠤᠭ ᠠ᠋ᠴᠠ ᠠᠷᠠᠳ ᠢᠵᠠᠭᠤᠷ ᠲᠠᠢ ᠬᠥᠮᠦᠨ ᠪᠢᠯᠡ᠃ ᠬᠡᠳᠦᠢᠪᠡᠷ ᠮᠠᠨ ᠤ᠋ ᠬᠡᠮᠵᠢᠶᠡᠲᠦ ᠡᠷᠬᠡᠲᠦ ᠪᠣᠭᠳᠠ ᠡᠵᠡᠨ ᠬᠠᠭᠠᠨ᠂ ᠪᠣᠯᠬᠢ ᠨᠠᠮᠠᠶ᠋ᠢ (ᠨᠠᠮ᠎ᠠ ᠶ᠋ᠢ) ᠮᠠᠨ ᠤ᠋ ᠥᠪᠡᠰᠦᠪᠡᠨ ᠵᠠᠰᠠᠬᠤ ᠤᠯᠤᠰ ᠤ᠋ᠨ ᠲᠤᠰᠠᠭᠠᠷ ᠲᠣᠭᠲᠠᠨᠢᠬᠤ ᠶᠠᠪᠤᠳᠠᠯ ᠳ᠋ᠤ᠌ ᠥᠴᠦᠬᠡᠨ ᠭᠠᠪᠢᠶ᠎ᠠ ᠵᠢᠳᠬᠦᠯ ᠪᠠᠢᠭᠤᠯᠤᠭᠰᠠᠨ ᠢ᠋ ᠶᠡᠬᠡᠳᠡ ᠬᠥᠬᠢᠭᠦᠯᠦᠨ ᠥᠷᠥᠰᠢᠶᠡᠵᠦ᠂ ᠪᠡᠢᠰᠡ ᠶ᠋ᠢᠨ ᠵᠡᠷᠭᠡ ᠱᠠᠩᠨᠠᠭᠰᠠᠨ ᠪᠣᠯᠪᠠᠴᠤ᠂ ᠮᠢᠨᠦ ᠪᠡᠶ᠎ᠡ ᠲᠩᠷᠢ ᠶ᠋ᠢᠨ ᠬᠡᠰᠢᠭ ᠬᠦᠷᠲᠡᠭᠡᠳ᠂ ᠶᠡᠷᠦ ᠬᠠᠭᠠᠨ ᠤ᠋ ᠬᠠᠢᠷᠠᠯᠠᠭᠰᠠᠨ ᠵᠡᠷᠭᠡ ᠬᠡᠷᠬᠡᠮ ᠢ᠋ᠶ᠋ᠡᠷ ᠰᠥᠷᠯᠡᠨ ᠳᠠᠯᠠᠢᠯᠭᠠᠵᠤ᠂ ᠠᠷᠠᠳ ᠣᠯᠠᠨ ᠢ᠋ ᠡᠵᠡᠷᠬᠡᠭ ᠢ᠋ᠶ᠋ᠡᠷ ᠬᠠᠷᠭᠢᠰᠯᠠᠨ ᠳᠠᠷᠤᠯᠠᠵᠤ ᠪᠠᠢᠭᠰᠠᠨ ᠤᠳᠠᠭ᠎ᠠ ᠦᠭᠡᠢ ᠪᠢᠯᠡ᠃ ᠲᠡᠭᠦᠨ ᠢ᠋ ᠲᠠ ᠪᠦᠬᠦᠨ ᠪᠦᠭᠦᠳᠡᠭᠡᠷ ᠲᠣᠳᠣᠷᠬᠠᠢ ᠮᠡᠳᠡᠬᠦ ᠲᠤᠯᠠ᠂ ᠣᠯᠠᠨ ᠢ᠋ ᠨᠤᠷᠰᠢᠬᠤ ᠶᠠᠭᠤᠨ ᠭᠡᠳ ᠬᠠᠯᠵᠠᠨ ᠳᠤᠬᠤᠨ ᠳ᠋ᠠᠭᠠᠨ ( ᠳ᠋ᠤ᠌ ᠪᠠᠨ)ᠪᠤᠷᠵᠢᠢᠨ ᠭᠠᠷᠤᠭᠰᠠᠨ ᠬᠥᠯᠥᠰᠥ ᠶ᠋ᠢ ᠬᠠᠨᠴᠤᠢ ᠪᠠᠷ ᠢ᠋ᠶ᠋ᠠᠨ ᠠᠷᠴᠢᠨ ᠰᠠᠭᠤᠵᠠᠢ᠃
ᠯᠣᠳᠣᠢ ᠪᠠᠶᠠᠨ ᠳᠣᠲᠣᠷ᠎ᠠ ᠪᠠᠨ ᠭᠣᠷᠢᠳᠠᠬᠤ ᠳ᠋ᠠᠭᠠᠨ ( ᠳ᠋ᠤ᠌ ᠪᠠᠨ)᠂ ᠮᠢᠨᠦ ᠮᠠᠯ ᠤ᠋ᠨ ᠨᠢᠭᠡ ᠬᠡᠰᠡᠭ ᠢ᠋ ᠬᠠᠷᠢᠭᠤᠯᠤᠨ ᠮᠠᠯᠯᠠᠳᠠᠭ ᠲᠡᠷᠡ ᠵᠠᠷᠤᠴᠠ ᠴᠢᠯᠠᠭᠤᠨ ᠬᠦᠦ ᠮᠢᠨᠦ ᠠᠮᠠᠨ ᠠ᠋ᠴᠠ ᠭᠠᠷᠬᠤ ᠦᠭᠡᠢ ᠪᠠᠢᠬᠤ᠃ ᠲᠡᠭᠦᠨ ᠦ᠌ ᠡᠬᠡ᠂ ᠬᠥᠭᠰᠢᠨ ᠫᠠᠯᠵᠠᠢ ᠤᠤᠯ ᠠ᠋ᠴᠠ ᠰᠦᠰᠦᠭ ᠶᠡᠬᠡᠲᠡᠢ᠂ ᠠᠶᠤᠮᠠᠬᠠᠢ ᠨᠣᠮᠣᠢ ᠲᠤᠯᠠ᠂ ᠦᠭᠡ ᠳᠠᠭᠤ ᠴᠥᠭᠡᠨ ᠲᠡᠢ ᠬᠦᠦ ᠶ᠋ᠢ ᠨᠢ ᠭᠠᠷ ᠲᠠᠭᠠᠨ ( ᠲᠤ ᠪᠠᠨ) ᠠᠳᠬᠤᠵᠤ ᠪᠠᠷᠢᠬᠤ ᠳ᠋ᠤ᠌ ᠮᠢᠨᠢ ᠯᠠᠪ ᠨᠠᠳᠠᠳᠤ( ᠨᠠᠳᠠ ᠳ᠋ᠤ᠌ )ᠲᠤᠰᠠᠯᠠᠨ᠎ᠠ ᠪᠠᠢᠬᠤ᠃ ᠲᠡᠭᠡᠭᠡᠳ ᠨᠠᠭᠠᠳᠤ ᠵᠠᠬ᠎ᠠ ᠨᠢ ᠮᠠᠯ ᠤ᠋ᠨ ᠲᠣᠭ᠎ᠠ ᠠᠪᠬᠤ ᠴᠠᠭ ᠢ᠋ᠶ᠋ᠠᠷ ᠴᠤ᠌ ᠭᠡᠰᠡᠨ᠂ ᠰᠤᠮᠤᠨ ᠵᠠᠩᠭᠢ ᠥᠪᠡᠷ ᠦ᠋ᠨ ᠬᠥᠮᠦᠨ ᠪᠠᠢᠬᠤ ᠳ᠋ᠠᠭᠠᠨ( ᠳ᠋ᠤ᠌ ᠪᠠᠨ) ᠮᠠᠯ ᠢ᠋ᠶ᠋ᠠᠨ ᠳᠠᠷᠤᠵᠤ ᠮᠡᠳᠡᠭᠦᠯᠬᠦ ᠵᠡᠷᠭᠡ ᠶ᠋ᠢᠨ ᠬᠡᠷᠡᠭ ᠲᠦ᠍ ᠴᠦ᠍ ᠲᠤᠰᠠᠲᠠᠢ ᠪᠠᠢᠬᠤ᠃ ᠶᠡᠷᠦᠨᠢ(ᠶᠡᠷᠦ ᠨᠢ)᠂ ᠬᠦᠷᠢᠶᠡᠨ ᠦ᠌ ᠤᠯᠠᠭᠠᠨ ᠤ᠋ ᠬᠢᠨ᠂ ᠶᠠᠳᠠᠭᠤ ᠬᠣᠭᠣᠰᠣᠨ ᠠᠮᠢᠲᠠᠨ ᠳ᠋ᠤ᠌ ᠶᠠᠩᠵᠤ ᠪᠦᠷᠢ ᠶ᠋ᠢᠨ ᠥᠷᠥᠰᠢᠶᠡᠯ ᠦᠵᠡᠭᠦᠯᠦᠨ᠂ ᠡᠯᠳᠡᠪ ᠠᠯᠪᠠᠨ ᠲᠠᠲᠠᠪᠤᠷᠢ ᠠ᠋ᠴᠠ ᠬᠥᠩᠭᠡᠪᠴᠢᠯᠡᠨ ᠭᠡᠯᠳᠦᠷᠢᠭᠦᠯᠵᠦ ᠪᠠᠢᠭ᠎ᠠ ᠴᠢᠷᠠᠢ ᠶ᠋ᠢ ᠨᠢ ᠦᠵᠡᠪᠡᠯ᠂ ᠪᠠᠶᠠᠨ ᠬᠥᠷᠥᠩᠭᠡ ᠲᠡᠢ ᠬᠥᠮᠦᠨ ᠳ᠋ᠦ᠍ ᠶᠠᠮᠠᠷ ᠴᠣ ᠠᠯᠪᠠ ᠳᠠᠪᠬᠤᠷᠯᠠᠨ ᠲᠣᠬᠣᠭᠠᠵᠤ ᠪᠣᠯᠵᠣᠰᠢ ᠦᠭᠡᠢ ᠬᠡᠷᠡᠭ ᠭᠡᠵᠦ᠂ ᠰᠤᠮᠤᠨ ᠵᠠᠩᠭᠢ ᠳ᠋ᠤ᠌ ᠥᠪᠡᠷ ᠦ᠋ᠨ ᠭᠠᠷ ᠬᠥᠯ ᠪᠣᠯᠬᠤ ᠬᠥᠮᠦᠨ ᠢ᠋ ᠰᠣᠩᠭᠣᠵᠤ ᠦᠵᠡᠬᠦ ᠰᠠᠨᠠᠭ᠎ᠠ ᠶ᠋ᠢ ᠴᠡᠭᠡᠵᠢᠨ ᠳ᠋ᠡᠭᠡᠨ( ᠳ᠋ᠦ᠍ ᠪᠡᠨ )ᠤᠬᠠᠪᠤᠷᠢᠯᠠᠨ ᠭᠣᠷᠢᠳᠠᠵᠠᠢ᠃
ᠯᠣᠳᠣᠢ ᠪᠠᠶᠠᠨ ᠪᠡᠢᠰᠡ ᠶ᠋ᠢ ᠦᠭᠡ ᠬᠡᠯᠡᠭᠰᠡᠨ ᠦ᠌ ᠳᠠᠷᠠᠭ᠎ᠠ᠂ ᠡᠪᠦᠭᠡᠨ ᠯᠣᠣᠵᠠᠩ ᠪᠣᠰᠴᠤ ᠦᠭᠡ ᠬᠡᠯᠡᠬᠦ ᠵᠥᠪᠰᠢᠶᠡᠷᠡᠯ ᠠᠪᠤᠭᠠᠳ᠂
— ᠬᠤᠷᠠᠯ ᠤ᠋ᠨ ᠣᠯᠠᠨ ᠲᠠ ᠪᠦᠬᠦᠨ ᠳ᠋ᠦ᠍ ᠪᠢ ᠪᠠᠰᠠ ᠨᠢᠭᠡ ᠦᠭᠡ ᠠᠢᠯᠠᠳᠬᠠᠶ᠎ᠠ᠃ ᠴᠢᠯᠠᠭᠤᠨ ᠢ᠋ ᠰᠤᠮᠤᠨ ᠵᠠᠩᠭᠢ ᠳ᠋ᠤ᠌ ᠰᠣᠩᠭᠣᠬᠤ ᠳ᠋ᠤ᠌ ᠪᠢ ᠴᠦ᠍ ᠭᠡᠰᠡᠨ ᠳᠤᠷᠠᠲᠠᠢ ᠪᠠᠢᠨ᠎ᠠ᠃ ᠵᠠᠯᠠᠭᠤᠴᠤᠳ ᠢ᠋ ᠳᠡᠪᠰᠢᠭᠦᠯᠵᠦ ᠪᠠᠢᠬᠤ ᠨᠢ ᠵᠦᠢᠲᠡᠢ᠃ ᠲᠥᠷᠥ ᠶ᠋ᠢᠨ ᠬᠡᠷᠡᠭ ᠰᠢᠢᠳᠬᠡᠵᠦ ᠰᠤᠷᠴᠤ ᠪᠠᠢᠭ᠃ ᠥᠲᠡᠯᠵᠦ ᠵᠥᠨᠥᠭᠰᠡᠨ ᠪᠢᠳᠡᠨ ᠢ᠋ ᠪᠣᠳᠣᠪᠠᠯ ᠲᠡᠩᠬᠡᠭᠡ ᠴᠢᠳᠠᠯ ᠢ᠋ᠶ᠋ᠠᠷ ᠵᠠᠯᠠᠭᠤᠴᠤᠳ ᠢᠯᠡᠭᠦᠦ᠃ ᠪᠠᠰᠠ᠂ ᠵᠠᠯᠠᠭᠤ ᠶ᠋ᠢᠨ ᠴᠣᠭ ᠵᠠᠯᠢ᠂ ᠢᠳᠡ ᠬᠦᠴᠦᠨ ᠪᠠᠳᠠᠷᠠᠵᠤ ᠶᠠᠪᠤᠭ᠎ᠠ ᠤᠯᠤᠰ᠃ ᠶᠡᠷᠦ᠂ ᠵᠠᠯᠠᠭᠤ ᠬᠥᠮᠦᠨ ᠢᠳᠡᠷᠬᠡᠭ᠂ ᠵᠠᠯᠠᠭᠤ ᠨᠣᠬᠠᠢ ᠰᠢᠳᠦᠷᠬᠡᠭ ᠭᠡᠳᠡᠭ ᠦᠭᠡ ᠤᠴᠢᠷ ᠲᠠᠢ ᠦᠭᠡ ᠰᠢᠦ᠃ ᠠᠵᠢᠯ ᠳ᠋ᠤᠨᠢ ( ᠳ᠋ᠤ᠌ ᠨᠢ) ᠬᠠᠰᠢᠷ ᠬᠥᠮᠦᠨ ᠦ᠌ ᠰᠠᠨᠠᠭ᠎ᠠ ᠬᠡᠷᠡᠭᠯᠡᠬᠦ ᠶᠠᠪᠤᠳᠠᠯ ᠭᠠᠷᠪᠠᠯ᠂ ᠬᠠᠯᠠ ᠦᠵᠡᠵᠦ ᠬᠠᠰᠢᠷ ᠲᠠᠨᠢᠭᠰᠠᠨ ᠪᠤᠭᠤᠷᠤᠯ ᠲᠣᠯᠣᠭᠠᠢᠲᠠᠨ ᠨᠤᠭᠤᠳ᠂ ᠵᠠᠯᠠᠭᠤᠴᠤᠳ ᠲᠠᠭᠠᠨ( ᠲᠤ ᠪᠠᠨ) ᠲᠤᠰᠠᠯᠠᠵᠤ ᠥᠭᠬᠦ ᠬᠡᠷᠡᠭᠲᠡᠢ᠃ ᠶᠠᠪᠤᠭᠤᠯᠵᠤ ᠭᠦᠢᠴᠡᠳᠬᠡᠬᠦ ᠠᠵᠢᠯ ᠨᠢ ᠮᠠᠨ ᠤ᠋ ᠠᠷᠠᠳ ᠤ᠋ᠨ ᠬᠠᠯᠠᠭᠤᠨ ᠳᠣᠲᠣᠨᠣ ᠠᠵᠢᠯ ᠶᠠᠪᠤᠳᠠᠯ ᠰᠢᠦ ᠳᠡ᠃ ᠲᠡᠢᠮᠦ ᠪᠢᠵᠡ ᠳᠡ᠂ ᠨᠠᠢᠵᠠ ᠨᠥᠬᠥᠳ ᠮᠢᠨᠢ? ᠭᠡᠵᠦ ᠣᠯᠠᠨ ᠤ᠋ ᠵᠦᠭ ᠬᠠᠰᠢᠷ ᠳᠣᠯᠢᠩᠭᠠᠷ ᠡᠪᠦᠭᠡᠨ ᠦ᠌ ᠬᠠᠨᠳᠤᠨ ᠠᠰᠠᠭᠤᠬᠤ ᠳ᠋ᠤ᠌᠂
— ᠲᠡᠢᠮᠦ ᠠ᠋᠂ ᠲᠡᠢᠮᠦ᠂ ᠵᠦᠢᠲᠡᠢ! ᠭᠡᠵᠦ ᠡᠪᠦᠭᠡᠨ ᠯᠣᠣᠵᠠᠩ ᠢ᠋ ᠬᠦᠨᠳᠦᠳᠬᠡᠵᠦ ᠦᠵᠡᠳᠡᠭ ᠮᠠᠯᠴᠢᠨ ᠠᠷᠠᠳ ᠤ᠋ᠳ ᠳᠤᠤᠭᠠᠷᠴᠠᠭᠠᠵᠤ᠂ ᠴᠢᠯᠠᠭᠤᠨ ᠢ᠋ ᠪᠠᠷᠤᠭ ᠨᠢᠭᠡᠨ ᠰᠠᠨᠠᠯ ᠢ᠋ᠶ᠋ᠠᠷ ᠰᠤᠮᠤᠨ ᠵᠠᠩᠭᠢ ᠶ᠋ᠢᠨ ᠲᠤᠰᠢᠶᠠᠯ ᠳ᠋ᠤ᠌ ᠲᠣᠬᠣᠭᠠᠨ ᠰᠣᠩᠭᠣᠵᠠᠢ᠃ ᠬᠠᠭᠤᠴᠢᠨ ᠵᠠᠩᠭᠢ ᠨᠢ ᠲᠡᠷᠡ ᠳᠣᠣᠷ᠎ᠠ ᠪᠠᠨ ᠵᠠᠩᠭᠢ ᠶ᠋ᠢᠨ ᠭᠠᠤᠯᠢᠨ ᠵᠠᠬᠢᠷᠤᠯᠭ᠎ᠠ ᠲᠡᠮᠳᠡᠭ᠂ ᠬᠥᠬᠡ ᠸᠠᠳᠠᠩ ᠪᠢᠴᠢᠭ ᠬᠡᠷᠡᠭ ᠢ᠋ᠶ᠋ᠡᠨ ᠭᠠᠷᠳᠠᠭᠤᠯᠤᠨ ᠲᠤᠰᠢᠶᠠᠵᠤ ᠥᠭᠭᠥᠭᠰᠡᠨ ᠪᠢᠯᠡ᠃
ᠬᠤᠷᠠᠯ ᠤ᠋ᠨ ᠰᠡᠭᠦᠯ ᠢ᠋ᠶ᠋ᠡᠷ ᠯᠣᠳᠣᠢ ᠪᠠᠶᠠᠨ᠂ ᠴᠢᠯᠠᠭᠤᠨ ᠤ᠋ ᠳᠡᠷᠭᠡᠳᠡ ᠢᠷᠡᠭᠡᠳ᠂ ᠣᠯᠠᠨ ᠤ᠋ ᠨᠢᠭᠤᠷ ᠳᠡᠭᠡᠷ᠎ᠡ ᠮᠠᠭᠲᠠᠨ᠂ ᠨᠣᠮᠣᠬᠠᠨ ᠳᠠᠷᠤᠤ ᠵᠠᠩ ᠪᠣᠯᠪᠠᠯ ᠵᠠᠯᠠᠭᠤ ᠬᠥᠮᠦᠨ ᠦ᠌ ᠴᠢᠮᠡᠭ ᠭᠡᠵᠦ ᠬᠡᠯᠡᠭᠡᠳ᠂ ᠰᠢᠨ᠎ᠡ ᠵᠠᠩᠭᠢ ᠳ᠋ᠤ᠌ ᠨᠢᠭᠡ ᠮᠣᠷᠢ ᠪᠡᠯᠡᠭ ᠪᠣᠯᠭᠠᠶ᠎ᠠ ᠭᠡᠵᠦ ᠠᠮᠠᠯᠠᠬᠤ ᠳ᠋ᠠᠭᠠᠨ( ᠳ᠋ᠤ᠌ ᠪᠠᠨ)᠂
— ᠠᠷᠠᠳ ᠤ᠋ᠨ ᠡᠷᠬᠡᠲᠦ ᠤᠯᠤᠰ ᠤ᠋ᠨ ᠬᠠᠤᠯᠢ ᠪᠠᠷ ᠴᠢ ᠣᠳᠣ ᠰᠤᠮᠤ ᠶ᠋ᠢᠨ ᠡᠵᠡᠨ ᠪᠣᠯᠵᠠᠢ᠃ ᠵᠠᠯᠠᠭᠤ ᠵᠠᠩᠭᠢ ᠳ᠋ᠠᠭᠠᠨ ( ᠳ᠋ᠤ᠌ ᠪᠠᠨ)ᠨᠢᠭᠡ ᠮᠣᠷᠢ ᠪᠡᠯᠡᠭ ᠪᠠᠷᠢᠶ᠎ᠠ᠃ ᠰᠤᠮᠤ ᠶ᠋ᠢᠨ ᠠᠵᠢᠯ ᠬᠢᠬᠦ ᠳ᠋ᠡᠭᠡᠨ( ᠳ᠋ᠦ᠍ ᠪᠡᠨ) ᠲᠤᠭᠤᠯ ᠢ᠋ ᠲᠤᠷᠠᠭᠠᠬᠤ ᠦᠭᠡᠢ᠂ ᠡᠬᠡ ᠶ᠋ᠢ ᠰᠢᠷᠭᠢᠭᠡᠬᠦ ᠦᠭᠡᠢ ᠰᠠᠢᠨ ᠠᠵᠢᠯ ᠬᠢᠭᠡᠷᠡᠢ ᠭᠡᠵᠡᠢ᠃ ᠯᠣᠳᠣᠢ᠂ ᠪᠣᠭᠳᠠ ᠬᠠᠭᠠᠨ ᠤ᠋ ᠵᠠᠷᠯᠢᠭ ᠢ᠋ᠶ᠋ᠠᠷ ᠦᠶ᠎ᠡ ᠤᠯᠠᠷᠢᠨ ᠪᠠᠢᠰᠠ ᠵᠡᠷᠭᠡ ᠱᠠᠩᠨᠠᠭᠤᠯᠤᠭᠰᠠᠨ᠂ ᠬᠣᠰᠢᠭᠤ ᠨᠤᠲᠤᠭ ᠲᠠᠭᠠᠨ( ᠲᠤ ᠪᠠᠨ )ᠲᠡᠷᠢᠭᠦᠨ ᠪᠠᠶᠠᠨ᠂ ᠣᠯᠠᠨ ᠤ᠋ ᠬᠦᠨᠳᠦᠲᠡᠢ ᠲᠣᠮᠣᠭᠠᠲᠠᠢ ᠮᠢᠨᠦ ᠪᠡᠶ᠎ᠡ ᠶ᠋ᠢ ᠴᠢᠯᠠᠭᠤᠨ ᠳ᠋ᠤ᠌ ᠣᠯᠠᠨ ᠤ᠋ ᠡᠮᠦᠨ᠎ᠡ ᠨᠢᠭᠤᠷ ᠱᠠᠩᠨᠠᠵᠤ ᠪᠠᠢᠭ᠎ᠠ ᠨᠢ ᠴᠢᠯᠠᠭᠤᠨ ᠤ᠋ ᠰᠡᠳᠬᠢᠯ ᠳ᠋ᠦ᠍ ᠪᠠᠬᠠᠲᠠᠢ ᠪᠠᠢᠭ᠎ᠠ ᠪᠠᠢᠬᠤ ᠭᠡᠵᠦ ᠪᠣᠳᠣᠵᠠᠢ᠃
ᠴᠢᠯᠠᠭᠤᠨ᠂ ᠯᠣᠣᠵᠠᠩ ᠡᠪᠦᠭᠡᠨ ᠦ᠌ ᠰᠢᠷᠲᠡᠨ ᠬᠠᠷᠠᠬᠤ ᠶ᠋ᠢ ᠠᠵᠢᠭᠯᠠᠭᠠᠳ᠂ ᠠᠮᠠᠨ ᠳᠣᠲᠣᠷ᠎ᠠ ᠪᠠᠨ ᠨᠢᠭᠡ ᠶᠠᠭᠤᠮ᠎ᠠ ᠬᠦᠩᠭᠢᠨᠡᠭᠡᠳ ᠲᠣᠯᠣᠭᠠᠢ ᠪᠠᠨ ᠳᠠᠷᠤᠪᠠᠰᠤ᠂ ᠯᠣᠳᠣᠢ ᠪᠠᠶᠠᠨ ᠲᠡᠭᠦᠨ ᠢ᠋ ᠲᠡᠪᠡᠳᠡᠭᠰᠡᠨ ᠪᠢᠵᠡ ᠭᠡᠵᠦ ᠪᠣᠳᠣᠭᠠᠳ᠂ ᠮᠢᠨᠦ ᠬᠡᠷᠡᠭ ᠪᠦᠲᠦᠪᠡ ᠭᠡᠵᠦ ᠳᠣᠲᠣᠷ᠎ᠠ ᠪᠠᠨ ᠪᠠᠶᠠᠷᠯᠠᠪᠠ᠃
ᠡᠪᠦᠭᠡᠳ ᠦ᠋ᠨ ᠦᠭᠡᠨ ᠳ᠋ᠦ᠍ ᠬᠥᠮᠦᠨ᠂ ᠥᠨᠳᠥᠷ ᠳᠡᠭᠡᠷ᠎ᠡ ᠭᠠᠷᠴᠤ᠂ ᠦᠢᠯᠡ ᠪᠡᠨ ᠬᠠᠷᠠᠳᠠᠭ ᠦᠭᠡᠢ ᠭᠡᠭᠴᠢ ᠪᠡᠷ ᠯᠣᠳᠣᠢ ᠪᠠᠶᠠᠨ ᠪᠡᠢᠰᠡ ᠴᠣ᠂ ᠦᠭᠡ ᠳᠠᠭᠤ ᠴᠥᠭᠡᠨ ᠲᠡᠢ ᠵᠠᠷᠤᠴᠠ ᠶᠠᠳᠠᠭᠤ ᠴᠢᠯᠠᠭᠤᠨ ᠬᠦᠦ ᠶ᠋ᠢ ᠰᠤᠮᠤᠨ ᠵᠠᠩᠭᠢ ᠪᠣᠯᠭᠠᠭᠠᠳ᠂ ᠡᠯᠳᠡᠪ ᠲᠦ᠍ ᠥᠪᠡᠷ ᠦ᠋ᠨ ᠠᠮᠠᠨ ᠠ᠋ᠴᠠ ᠭᠠᠷᠬᠤ ᠦᠭᠡᠢ᠂ ᠳᠠᠯᠠᠢᠭᠰᠠᠨ ᠭᠠᠵᠠᠷ ᠳᠠᠯᠳᠠ ᠣᠷᠣᠵᠤ᠂ ᠳᠠᠯᠠᠯᠤᠭᠰᠠᠨ ᠭᠠᠵᠠᠷ ᠭᠠᠷᠴᠤ ᠢᠷᠡᠭᠡᠳ᠂ ᠨᠣᠮᠣᠬᠠᠨ ᠮᠣᠷᠢᠨ ᠤ᠋ ᠨᠣᠭᠲᠣ᠂ ᠳᠣᠭᠰᠢᠨ ᠮᠣᠷᠢᠨ ᠤ᠋ ᠴᠢᠳᠥᠷ ᠪᠣᠯᠬᠤ ᠬᠥᠮᠦᠨ ᠲᠡᠢ ᠪᠣᠯᠵᠤ ᠠᠪᠤᠯ᠎ᠠ ᠭᠡᠵᠦ ᠳᠣᠲᠣᠷ᠎ᠠ ᠪᠠᠨ ᠪᠢᠲᠡᠭᠦᠦ ᠪᠠᠶᠠᠷᠯᠠᠨ ᠭᠣᠷᠢᠳᠠᠵᠤ ᠪᠠᠢᠭᠰᠠᠨ ᠨᠢ᠂ ᠨᠢᠭᠡ ᠮᠡᠳᠡᠬᠦᠨ᠎ᠡ ᠵᠡᠷᠭᠡᠯᠡᠭᠡ ᠳ᠋ᠡᠬᠢ ᠭᠠᠩᠳᠠᠷᠢᠰ ᠤ᠋ᠨ* ᠪᠠᠯᠭᠠᠰᠤᠨ ᠠᠳᠠᠯᠢ ᠬᠣᠭᠣᠰᠣᠨ ᠪᠣᠯᠵᠠᠢ᠃
ᠴᠢᠯᠠᠭᠤᠨ ᠢ᠋ ᠬᠤᠷᠠᠯ ᠠ᠋ᠴᠠ ᠭᠡᠷ ᠲᠡᠭᠡᠨ( ᠲᠤ ᠪᠡᠨ) ᠬᠠᠷᠢᠬᠤ ᠳ᠋ᠤᠨᠢ( ᠳ᠋ᠤ᠌ ᠨᠢ)᠂ ᠡᠬᠡ ᠨᠢ ᠶᠡᠬᠡᠯ᠎ᠡ ᠪᠠᠶᠠᠷᠯᠠᠨ ᠤᠭᠲᠤᠵᠤ᠂ ᠭᠠᠳᠠᠨ᠎ᠠ᠂ ᠮᠣᠷᠢᠨ ᠤ᠋ ᠤᠶᠠᠭᠠᠨ ᠳ᠋ᠤ᠌ ᠨᠢᠭᠡ ᠮᠣᠷᠢ ᠤᠶᠠᠭ᠎ᠠ ᠲᠠᠢ ᠪᠠᠢᠭ᠎ᠠ ᠶ᠋ᠢ ᠵᠢᠭᠠᠭᠠᠳ᠂
— ᠬᠦᠦ ᠮᠢᠨᠢ ᠬᠠᠷᠠᠪᠠᠤ(ᠬᠠᠷᠠᠪᠠ ᠤᠤ)? ᠣᠳᠣ ᠪᠢᠳᠡ᠂ ᠬᠥᠯ ᠢ᠋ᠶ᠋ᠡᠨ ᠳᠡᠭᠦᠵᠢᠯᠡᠬᠦ ᠥᠪᠡᠷ ᠦ᠋ᠨ ᠤᠨᠤᠭ᠎ᠠ ᠲᠠᠢ ᠪᠣᠯᠤᠯ᠎ᠠ ᠰᠢᠦ᠃ ᠪᠤᠶᠠᠨ᠎ᠠ ᠳᠡᠯᠭᠡᠷᠡᠭᠰᠡᠨ ᠯᠣᠳᠣᠢ ᠠᠪᠤᠭᠠᠢ ᠴᠢᠮᠠᠲᠤ(ᠴᠢᠮ᠎ᠠ ᠳ᠋ᠤ᠌) ᠮᠣᠷᠢ ᠪᠡᠯᠡᠭᠯᠡᠵᠡᠢ᠃ ᠭᠤᠢᠯᠢᠨᠴᠢ ᠮᠠᠭᠤ ᠪᠡᠯᠪᠡᠰᠦᠨ ᠴᠢᠪᠠᠭᠠᠨᠴᠠ ᠶ᠋ᠢᠨ ᠬᠦᠦ ᠶ᠋ᠢ ᠵᠠᠩᠭᠢ ᠪᠣᠯᠬᠤ ᠶᠤᠮ ᠭᠡᠵᠦ ᠪᠢ ᠲᠦᠮᠡᠨ ᠵᠠᠶᠠᠭᠠᠨ ᠳ᠋ᠠᠭᠠᠨ ᠪᠣᠳᠣᠭᠰᠠᠨ ᠦᠭᠡᠢ᠃ ᠯᠣᠳᠣᠢ ᠠᠪᠤᠭᠠᠢ ᠯᠠ ᠴᠢᠮᠠᠶ᠋ᠢ(ᠴᠢᠮ᠎ᠠ ᠶ᠋ᠢ) ᠲᠡᠳᠬᠦᠨ ᠳᠡᠮᠵᠢᠵᠦ᠂ ᠭᠠᠷ ᠢ᠋ ᠴᠢᠨᠢ ᠭᠠᠨᠵᠤᠭᠠᠨ ᠳ᠋ᠤ᠌᠂ ᠬᠥᠯ ᠢ᠋ ᠴᠢᠨᠢ ᠳᠥᠷᠦᠭᠡᠨ ᠳ᠋ᠦ᠍ ᠬᠦᠷᠭᠡᠵᠦ ᠥᠭᠴᠦ ᠳᠡ᠂ ᠬᠥᠭᠡᠷᠦᠬᠦᠢ ᠭᠡᠬᠦ ᠳ᠋ᠦ᠍ᠨᠢ ᠴᠢᠯᠠᠭᠤᠨ᠂ ᠡᠬᠡ ᠶ᠋ᠢᠨ ᠪᠠᠶᠠᠷᠯᠠᠭᠰᠠᠨ ᠴᠢᠷᠠᠢ ᠶ᠋ᠢ ᠬᠠᠷᠠᠭᠠᠳ᠂ ᠰᠡᠭᠦᠷᠡᠰᠦ ᠠᠯᠳᠠᠵᠤ ᠥᠭᠦᠯᠡᠷᠦᠨ᠄
— ᠡᠵᠢ᠂ ᠪᠢ ᠲᠡᠷᠡ ᠵᠢᠯ ᠨᠠᠮᠠᠶ᠋ᠢ ᠮᠠᠭᠤ ᠠ᠋ᠴᠠ ᠮᠠᠭᠤ᠂ ᠮᠣᠳᠣᠨ ᠠ᠋ᠴᠠ ᠬᠦ ᠭᠡᠵᠦ ᠬᠡᠯᠡᠭᠰᠡᠨ ᠢ᠋ ᠨᠢ ᠣᠳᠣ ᠬᠦᠷᠲᠡᠯ᠎ᠡ ᠮᠠᠷᠲᠠᠳᠠᠭ ᠦᠭᠡᠢ ᠶᠦᠮ ᠰᠢᠦ᠃ ᠡᠵᠢ᠂ ᠲᠡᠷᠡ ᠵᠢᠯ ᠦ᠋ᠨ ᠬᠠᠪᠤᠷ᠂ ᠪᠡᠶ᠎ᠡ ᠡᠪᠡᠳᠴᠢᠲᠡᠢ᠂ ᠮᠠᠨᠠᠢᠬᠢ ᠢᠳᠡᠵᠦ ᠤᠤᠭᠤᠬᠤ ᠪᠠᠷ ᠲᠠᠰᠤᠷᠠᠭᠠᠳ᠂ ᠵᠦᠳᠡᠷᠡᠵᠦ ᠪᠠᠢᠭᠰᠠᠨ ᠰᠢᠦ ᠳᠡ᠃ ᠲᠡᠭᠡᠬᠦ ᠳ᠋ᠦ᠍᠂ ᠮᠠᠨᠠᠢ ᠭᠡᠷ ᠳᠡᠭᠡᠭᠦᠷ ᠬᠣᠩ ᠬᠡᠷᠢᠶ᠎ᠡ ᠶ᠋ᠢ ᠬᠣᠩ ᠬᠣᠩ ᠭᠡᠵᠦ ᠳᠤᠤᠭᠠᠷᠴᠤ ᠥᠩᠭᠡᠷᠡᠬᠦ ᠳ᠋ᠦ᠍ᠨᠢ ᠡᠨᠡ ᠯᠠᠪ ᠨᠢᠭᠡ ᠶᠠᠭᠤᠮᠠᠨ ᠤ᠋ ᠰᠡᠭ ᠳᠡᠭᠡᠷ᠎ᠡ ᠣᠴᠢᠵᠠᠢ ᠳᠠ᠃ ᠲᠠ ᠨᠠᠷ ᠬᠣᠢᠨᠠᠴᠠ ᠨᠢ ᠶᠠᠪᠤᠵᠤ᠂ ᠱᠥᠯᠥ ᠭᠠᠷᠭᠠᠬᠤ ᠶᠠᠰᠤ ᠴᠤ᠌ ᠭᠡᠰᠡᠨ ᠣᠯᠵᠤ ᠢᠷ᠎ᠡ᠃ ᠪᠣᠯᠤᠭᠰᠠᠨ ᠶᠠᠭᠤᠮᠠᠨ ᠳ᠋ᠤ᠌ ᠪᠤᠵᠠᠷ ᠦᠭᠡᠢ ᠭᠡᠵᠦ ᠶᠠᠪᠤᠭᠤᠯᠤᠭᠰᠠᠨ ᠢ᠋ᠶ᠋ᠠᠨ ᠰᠠᠨᠠᠵᠤ ᠪᠠᠢᠨᠠᠤ(ᠪᠠᠢᠨ᠎ᠠ ᠤᠤ)᠂ ᠡᠵᠢ? ᠪᠢ ᠳᠡᠭᠦᠦ ᠨᠠᠷ ᠲᠠᠢ ᠶᠠᠪᠤᠵᠤ᠂ ᠵᠡᠭᠡᠷ᠎ᠡ ᠶ᠋ᠢᠨ ᠰᠡᠭ ᠶᠠᠰᠤᠨ ᠠ᠋ᠴᠠ ᠠᠪᠴᠢᠷᠠᠭᠠᠳ᠂ ᠲᠡᠷᠡ ᠡᠳᠦᠷ ᠱᠥᠯᠥ ᠭᠠᠷᠭᠠᠵᠤ ᠤᠤᠭᠤᠭᠰᠠᠨ ᠮᠠᠨᠢ᠂ ᠤᠷᠢᠳᠤ ᠡᠮᠦᠨ᠎ᠡ ᠤᠤᠭᠤᠵᠤ ᠦᠵᠡᠭᠡ ᠦᠭᠡᠢ ᠰᠠᠢᠬᠠᠨ ᠱᠥᠯᠥ ᠰᠢᠭ ᠰᠠᠨᠠᠭᠳᠠᠵᠤ ᠪᠢᠯᠡ᠃
ᠯᠣᠳᠣᠢ ᠠᠪᠤᠭᠠᠢ᠂ ᠲᠡᠷᠡ ᠬᠢᠪᠴᠠᠭᠠᠨᠲᠠᠢ ᠴᠠᠭ ᠢ᠋ᠶ᠋ᠠᠷ ᠪᠢᠳᠡᠨ ᠳ᠋ᠦ᠍ ᠲᠤᠰᠠᠯᠠᠬᠤ ᠦᠭᠡᠢ᠂ ᠪᠠᠶᠠᠴᠤᠤᠯ ᠠ᠋ᠴᠠ ᠶᠠᠳᠠᠭᠤ ᠬᠣᠭᠣᠰᠣᠨ ᠪᠢᠳᠡᠨ ᠢ᠋ ᠠᠷᠠᠳ ᠤ᠋ᠨ ᠵᠠᠰᠠᠭ ᠤ᠋ᠨ ᠠᠴᠢ ᠪᠠᠷ ᠬᠥᠮᠦᠨ ᠭᠡᠵᠦ ᠦᠵᠡᠬᠦ ᠪᠣᠯᠬᠤ ᠳ᠋ᠤ᠌ ᠰᠠᠢ᠍ᠢ(ᠰᠠᠶᠢ) ᠨᠢᠭᠡ ᠶᠡᠬᠡ ᠲᠤᠰᠠᠯᠠᠭᠰᠠᠨ ᠪᠣᠯᠵᠤ ᠰᠦᠷ ᠪᠠᠳᠠᠷᠠᠭᠤᠯᠳᠠᠭ ᠨᠢ ᠶᠠᠭᠤ ᠴᠤ᠌ ᠪᠢᠯᠡ? ᠮᠢᠨᠦ ᠪᠣᠳᠣᠬᠤ ᠳ᠋ᠤ᠌᠂ ᠲᠡᠷᠡ ᠬᠡᠷᠡᠭ ᠬᠠᠷᠠᠮᠴᠢ ᠪᠠᠶᠠᠨ᠂ ᠰᠤᠮᠤ ᠶ᠋ᠢᠨ ᠵᠠᠬᠢᠷᠭᠠᠨ ᠳ᠋ᠤ᠌ ᠴᠤ᠌ ᠭᠡᠰᠡᠨ᠂ ᠮᠢᠨᠦ ᠳᠠᠯᠠᠢᠬᠤ ᠳ᠋ᠤ᠌ ᠳᠠᠯᠳᠠ ᠣᠷᠣᠵᠤ᠂ ᠳᠠᠯᠠᠯᠬᠤ ᠳ᠋ᠤ᠌ ᠭᠠᠷᠴᠤ ᠢᠷᠡᠳᠡᠭ ᠪᠡᠯᠡᠨ ᠵᠠᠷᠤᠴᠠ ᠪᠠᠢᠭ᠃ ᠡᠷᠦᠬᠡ ᠶ᠋ᠢ ᠮᠢᠨᠢ ᠰᠡᠬᠦᠵᠦ᠂ ᠡᠭᠦᠳᠡ ᠶ᠋ᠢ ᠮᠢᠨᠢ ᠡᠷᠭᠦᠵᠦ ᠪᠠᠢᠬᠤ ᠪᠣᠱᠣᠭ᠎ᠠ ᠶ᠋ᠢᠨ ᠪᠣᠭᠣᠯ᠂ ᠰᠤᠮᠤ ᠶ᠋ᠢᠨ ᠠᠯᠪᠠᠨ ᠤ᠋ ᠬᠥᠮᠦᠰ ᠦ᠋ᠨ ᠳᠤᠮᠳᠠ ᠪᠠᠢᠭ ᠭᠡᠵᠦ ᠪᠢᠲᠡᠭᠦᠦ ᠪᠡᠷ ᠪᠣᠳᠣᠵᠤ᠂ ᠲᠡᠭᠡᠵᠦ ᠪᠠᠢᠭ᠎ᠠ ᠶᠤᠮ ᠪᠢᠰᠢᠦ? ᠬᠡᠮᠡᠪᠡᠰᠦ᠂
— ᠬᠥᠮᠦᠨ ᠪᠦᠷᠢ᠂ ᠳᠣᠣᠷ᠎ᠠ ᠳᠣᠣᠷ᠎ᠠ ᠪᠠᠨ ᠠᠮᠢ ᠠᠮᠢ ᠪᠠᠨ ᠪᠣᠳᠣᠳᠠᠭ ᠶᠤᠮ ᠪᠢᠰᠢᠦ ᠳᠡ? ᠴᠢ ᠨᠠᠰᠤ ᠵᠠᠯᠠᠭᠤ᠂ ᠨᠠᠷᠠ ᠡᠷᠲᠡ᠂ ᠴᠢᠰᠤ ᠰᠢᠩᠭᠡᠨ᠃ ᠬᠦᠦ ᠮᠢᠨᠢ᠂ ᠬᠦᠨᠳᠦᠲᠡᠢ ᠲᠣᠮᠣᠭᠠᠲᠠᠢ ᠬᠥᠮᠦᠨ ᠢ᠋ ᠲᠡᠭᠡᠵᠦ ᠬᠡᠯᠡᠳᠡᠭ ᠦᠭᠡᠢ ᠶᠦᠮ ᠭᠡᠵᠦ ᠪᠢᠯᠡ᠃
ᠴᠢᠯᠠᠭᠤᠨ᠂ ᠦᠭᠡ ᠳᠠᠭᠤ ᠭᠠᠷᠤᠭᠰᠠᠨ ᠦᠭᠡᠢ᠂ ᠪᠢᠴᠢᠬᠠᠨ ᠰᠠᠮᠪᠠᠷ᠎ᠠ ᠪᠠᠨ ᠠᠪᠴᠤ᠂ ᠲᠣᠰᠣ ᠦᠨᠡᠰᠦ ᠲᠦᠷᠬᠢᠵᠦ ᠡᠬᠢᠯᠡᠪᠡ᠃ ᠬᠥᠳᠡᠭᠡ ᠭᠠᠵᠠᠷ᠂ ᠴᠠᠭᠠᠰᠤ ᠬᠣᠪᠣᠷ ᠤᠴᠢᠷ ᠶᠠᠭᠤᠮ᠎ᠠ ᠨᠣᠣᠷᠠᠭᠯᠬᠤ ᠪᠢᠴᠢᠬᠦ ᠳ᠋ᠡᠭᠡᠨ᠂ ᠲᠡᠷᠡ ᠴᠠᠭ ᠲᠤ᠌ ᠰᠠᠮᠪᠠᠷ᠎ᠠ ᠬᠡᠷᠡᠭᠯᠡᠳᠡᠭ ᠪᠠᠢᠵᠠᠢ᠃ ᠴᠢᠯᠠᠭᠤᠨ ᠰᠠᠶᠢᠪᠲᠤᠷ ᠥᠪᠡᠷ ᠢ᠋ᠶ᠋ᠡᠨ ᠣᠷᠣᠯᠳᠣᠭᠰᠠᠭᠠᠷ᠂ ᠭᠠᠭᠴᠠ ᠨᠢᠭᠡ ᠦᠰᠦᠭ ᠢ᠋ ᠬᠥᠮᠦᠨ ᠢ᠋ᠶ᠋ᠡᠷ ᠬᠡᠯᠡᠭᠦᠯᠦᠭᠰᠡᠭᠡᠷ᠂ ᠳᠡᠯ ᠮᠣᠯ ᠤᠩᠰᠢᠳᠠᠭ ᠪᠣᠯᠤᠭᠰᠠᠨ ᠢ᠋ᠶ᠋ᠠᠨ᠂ ᠣᠳᠣ ᠵᠠᠪᠠᠯ ᠴᠤ᠌ ᠦᠭᠡᠢ᠂ ᠪᠢᠴᠢᠭ ᠦᠰᠦᠭ ᠲᠡᠭᠡᠨ ᠰᠢᠳᠤᠷᠭᠤᠰᠢᠨᠠ᠃ ᠠᠷᠠᠳ ᠤ᠋ᠨ ᠲᠥᠷᠥ ᠶ᠋ᠢᠨ ᠰᠤᠮᠤ ᠶ᠋ᠢᠨ ᠵᠠᠩᠭᠢ ᠪᠣᠯᠬᠤ ᠭᠡᠳᠡᠭ ᠮᠠᠨᠢ᠂ ᠠᠷᠠᠳ ᠣᠯᠠᠨ ᠤ᠋ ᠠᠵᠢᠯ ᠬᠢᠬᠦ ᠭᠡᠰᠡᠨ ᠬᠡᠷᠡᠭ ᠰᠢᠦ ᠭᠡᠵᠦ ᠪᠢᠴᠢᠭ ᠦᠰᠦᠭ ᠰᠤᠷᠬᠤ ᠶ᠋ᠢ ᠶᠡᠬᠡᠯ᠎ᠡ ᠮᠡᠷᠡᠢᠵᠡᠢ᠃
ᠰᠤᠮᠤ ᠶ᠋ᠢᠨ ᠪᠦᠬᠦ ᠬᠡᠮᠵᠢᠶ᠎ᠡ ᠪᠡᠷ ᠨᠢᠭᠡ ᠬᠣᠶᠠᠷ ᠤ᠋ᠨ ᠲᠡᠳᠦᠢᠬᠡᠨ ᠮᠣᠩᠭᠣᠯ ᠲᠠᠢ ᠬᠥᠮᠦᠨ ᠪᠠᠢᠳᠠᠭ ᠲᠤᠯᠠ᠂ ᠡᠳᠦᠷ ᠨᠢ ᠴᠢᠯᠠᠭᠤᠨ ᠲᠡᠳᠡᠨ ᠲᠡᠢ ᠠᠭᠤᠯᠵᠠᠬᠤ ᠳᠠᠭᠠᠷᠢᠯᠳᠤᠬᠤ ᠵᠠᠪᠰᠢᠶᠠᠨ ᠲᠣᠬᠢᠶᠠᠯᠳᠤᠬᠤ ᠪᠦᠷᠢ᠂ ᠡᠪᠦᠷ ᠡᠴᠡ ᠪᠡᠨ ᠥᠨᠥᠬᠢ ᠰᠠᠮᠪᠠᠷ᠎ᠠ ᠪᠠᠨ ᠭᠠᠷᠭᠠᠭᠠᠳ᠂ ᠵᠠ᠂ ᠡᠢᠮᠦ ᠦᠭᠡ ᠶ᠋ᠢ ᠶᠠᠭᠠᠬᠢᠵᠤ ᠪᠢᠴᠢᠬᠦ ᠪᠣᠢ? ᠲᠡᠢᠮᠦ ᠦᠰᠦᠭ ᠢ᠋ ᠶᠠᠭᠠᠬᠢᠵᠤ ᠪᠢᠴᠢᠬᠦ ᠪᠣᠢ? ᠭᠡᠵᠦ ᠠᠰᠠᠭᠤᠵᠤ᠂ ᠰᠥᠨᠢ ᠨᠢ ᠲᠣᠰᠣᠨ ᠳ᠋ᠧᠩ ᠪᠠᠷᠢᠭᠠᠳ᠂ ᠬᠥᠬᠡ ᠦᠨᠡᠰᠦ ᠲᠦᠷᠬᠢᠭᠰᠡᠨ ᠰᠠᠮᠪᠠᠷ᠎ᠠ ᠳᠡᠭᠡᠷ᠎ᠡ ᠪᠡᠨ ᠮᠡᠳᠡᠬᠦ ᠦᠭᠡᠢ ᠦᠭᠡ ᠦᠰᠦᠭ ᠢ᠋ᠶ᠋ᠡᠨ ᠪᠣᠯᠪᠠᠰᠤᠷᠠᠭᠤᠯᠤᠨ ᠪᠢᠴᠢᠵᠦ᠂ ᠰᠥᠨᠢ ᠳᠦᠯᠢ ᠬᠦᠷᠲᠡᠯ᠎ᠡ ᠰᠠᠭᠤᠳᠠᠭ ᠪᠠᠢᠵᠠᠢ᠃ ᠴᠢᠩᠭᠢ ᠴᠢᠩᠭᠢᠭᠰᠡᠭᠡᠷ᠂ ᠨᠠᠮᠤᠷ ᠤ᠋ᠨ ᠲᠡᠷᠢᠭᠦᠨ ᠰᠠᠷ᠎ᠠ ᠶ᠋ᠢᠨ ᠬᠠᠭᠤᠴᠢᠳ ᠢ᠋ᠶ᠋ᠠᠷ ᠪᠢᠴᠢᠭ ᠦᠰᠦᠭ ᠲᠦ᠍ ᠰᠢᠳᠤᠷᠭᠤᠰᠢᠵᠤ᠂ ᠠᠯᠢᠪᠠ ᠨᠣᠮ ᠰᠡᠳᠬᠦᠯ᠂ ᠠᠯᠪᠠᠨ ᠪᠢᠴᠢᠭ᠂ ᠰᠣᠨᠢᠨ ᠰᠡᠳᠬᠦᠯ ᠵᠡᠷᠭᠡ ᠶ᠋ᠢ ᠲᠦᠭᠳᠡᠷᠡᠬᠦ ᠦᠭᠡᠢ ᠤᠩᠰᠢᠬᠤ ᠪᠣᠯᠵᠤ᠂ ᠭᠠᠭᠴᠠ ᠬᠦ᠌ ᠪᠢᠴᠢᠬᠦ ᠳ᠋ᠡᠭᠡᠨ᠂ ᠬᠣᠰᠢᠭᠤ ᠲᠠᠮᠠᠭ᠎ᠠ ᠶ᠋ᠢᠨ ᠭᠠᠵᠠᠷ ᠤ᠋ᠨ ᠪᠢᠴᠢᠭᠡᠴᠢ ᠨᠠᠷ ᠲᠠᠢ ᠠᠳᠠᠯᠢ ᠪᠢᠷ ᠢ᠋ᠶ᠋ᠡᠷ ᠪᠢᠴᠢᠵᠦ ᠴᠢᠳᠠᠬᠤ ᠦᠭᠡᠢ᠂ ᠬᠤᠯᠤᠰᠤᠨ ᠦᠵᠦᠭ ᠢ᠋ᠶ᠋ᠡᠷ ᠪᠢᠴᠢᠵᠦ ᠰᠤᠷᠴᠠᠢ᠃
ᠤᠳᠠᠯ ᠦᠭᠡᠢ ᠰᠣᠨᠣᠰᠪᠠᠯ᠂ ᡀᠠ ᠪᠡᠢᠯᠡ ᠶ᠋ᠢᠨ ᠬᠤᠰᠢᠭᠤᠨ ᠳ᠋ᠤ᠌ ᠵᠠᠯᠠᠭᠤᠴᠤᠳ ᠤ᠋ᠨ ᠡᠭᠦᠷ ᠪᠠᠢᠭᠤᠯᠬᠤ ᠭᠡᠵᠦ ᠤᠯᠢᠶᠠᠰᠤᠲᠠᠢ ᠠ᠋ᠴᠠ ᠲᠥᠯᠥᠭᠡᠯᠡᠭᠴᠢ ᠢᠷᠡᠭᠰᠡᠨ ᠰᠤᠷᠠᠭ ᠰᠣᠨᠣᠰᠳᠠᠵᠤ᠂ ᠵᠡᠷᠭᠡᠯᠡᠳᠡᠭᠡ ᠰᠤᠮᠤᠨ ᠳ᠋ᠤ᠌ ᠲᠡᠷᠡ ᠵᠠᠯᠠᠭᠤᠴᠤᠳ ᠤ᠋ᠨ ᠲᠥᠯᠥᠭᠡᠯᠡᠭᠴᠢ᠂ ᠣᠯᠠᠨ ᠨᠡᠢᠲᠡ ᠶ᠋ᠢᠨ ᠬᠤᠷᠠᠯ ᠵᠠᠷᠯᠠᠵᠤ᠂ ᠡᠩ ᠦ᠋ᠨ ᠢᠳᠡᠷ ᠣᠯᠠᠨ ᠵᠠᠯᠠᠭᠤᠴᠤᠳ ᠲᠤ᠌ ᠮᠣᠩᠭᠣᠯ ᠤ᠋ᠨ ᠬᠤᠪᠢᠰᠬᠠᠯᠲᠤ ᠵᠠᠯᠠᠭᠤᠴᠤᠳ ᠤ᠋ᠨ ᠡᠪᠯᠡᠯ ᠪᠠᠢᠭᠤᠯᠬᠤ ᠶ᠋ᠢᠨ ᠤᠴᠢᠷ ᠤᠳᠬ᠎ᠠ ᠶ᠋ᠢ ᠢᠷᠠᠭᠤ ᠰᠠᠢᠬᠠᠨ ᠢ᠋ᠶ᠋ᠠᠷ ᠲᠠᠢᠯᠪᠤᠷᠢᠯᠠᠵᠤ ᠥᠭᠭᠦᠭᠡᠳ᠂ ᠦᠶ᠎ᠡ ᠶ᠋ᠢᠨ ᠣᠯᠠᠨ ᠨᠥᠬᠥᠳ ᠢ᠋ᠶ᠋ᠡᠷ ᠵᠠᠷᠯᠠᠵᠤ᠂ ᠡᠪᠯᠡᠯ ᠳ᠋ᠦ᠍ ᠡᠯᠰᠡᠬᠦ ᠳᠤᠷᠠᠲᠠᠢ ᠶ᠋ᠢ ᠡᠪᠯᠡᠯ ᠦ᠋ᠨ ᠡᠭᠦᠷ ᠪᠠᠢᠭᠤᠯᠬᠤ ᠬᠤᠷᠠᠯ ᠳ᠋ᠤ᠌ ᠢᠷᠡᠬᠦ ᠶ᠋ᠢ ᠵᠠᠷᠯᠠᠭᠠᠷᠠᠢ ᠭᠡᠵᠦ᠂ ᠬᠡᠳᠦ ᠬᠣᠨᠣᠭ ᠤ᠋ᠨ ᠡᠴᠦᠰ ᠲᠦ᠍ ᠵᠢᠩᠬᠢᠨᠢ ᠡᠭᠦᠷ ᠪᠠᠢᠭᠤᠯᠬᠤ ᠬᠤᠷᠠᠯ ᠵᠠᠷᠯᠠᠭᠰᠠᠨ ᠳ᠋ᠤ᠌᠂ ᠠᠩᠬᠠᠨ ᠤ᠋᠂ ᠨᠡᠢᠲᠡ ᠶ᠋ᠢᠨ ᠥᠷᠭᠡᠨ ᠬᠤᠷᠠᠯ ᠳ᠋ᠤ᠌ ᠰᠠᠭᠤᠯᠴᠠᠭᠰᠠᠨ ᠵᠠᠷᠢᠮ ᠯᠠᠮᠠ ᠨᠣᠶᠠᠳ᠂ ᠣᠳᠣ ᠯᠠ ᠢᠳᠡᠷ ᠨᠠᠮ ᠤ᠋ᠨ ᠬᠢᠨ ᠪᠣᠰᠴᠤ ᠢᠷᠡᠬᠦ ᠨᠢ᠂ ᠭᠣᠷᠢ ᠦᠭᠡᠢ ᠪᠣᠯᠬᠤ ᠨᠢ ᠭᠡᠵᠦ ᠵᠠᠯᠠᠭᠤᠴᠤᠳ ᠲᠤ᠌ ᠡᠬᠡ ᠡᠴᠢᠭᠡ ᠪᠡᠷ ᠨᠢ ᠳᠠᠮᠵᠢᠭᠤᠯᠤᠨ ᠬᠣᠷᠢᠬᠤ ᠭᠡᠵᠦ ᠣᠷᠣᠯᠳᠣᠭᠠᠳ ᠦᠵᠡᠪᠡᠴᠦ ᠭᠣᠷᠢ ᠠᠯᠳᠠᠵᠠᠢ᠃ ᠵᠠᠯᠠᠭᠤᠴᠤᠳ ᠤ᠋ᠨ ᠵᠠᠷᠢᠮ ᠨᠢ᠂ ᠢᠯᠠᠩᠭᠤᠶ᠎ᠠ ᠬᠡᠦᠬᠡᠨ ᠨᠦ᠍ᠭᠦᠳ᠂ ᠡᠬᠡ ᠡᠴᠢᠭᠡ ᠶ᠋ᠢᠨ ᠥᠨᠥᠬᠢ ᠯᠠᠮᠠ ᠨᠣᠶᠠᠳ ᠤ᠋ᠨ ᠦᠭᠡᠨ ᠳ᠋ᠦ᠍ ᠠᠪᠲᠠᠭᠳᠠᠵᠤ ᠪᠠᠢᠭ᠎ᠠ ᠪᠠᠢᠳᠠᠯ ᠢ᠋ ᠮᠡᠳᠡᠮᠡᠭᠴᠡ᠂ ᠴᠢᠮᠡᠭᠡ ᠦᠭᠡᠢ ᠰᠢᠭ ᠪᠢᠲᠡᠭᠦᠬᠡᠨ ᠢ᠋ᠶ᠋ᠡᠷ ᠮᠣᠷᠳᠠᠵᠤ᠂ ᠡᠭᠦᠷ ᠪᠠᠢᠭᠤᠯᠬᠤ ᠬᠤᠷᠠᠯ ᠳ᠋ᠤ᠌ ᠣᠴᠢᠵᠠᠭᠠᠵᠠᠢ᠃ ᠴᠢᠯᠠᠭᠤᠨ᠂ ᠡᠪᠯᠡᠯ ᠦ᠋ᠨ ᠡᠭᠦᠷ ᠪᠠᠢᠭᠤᠯᠬᠤ ᠬᠤᠷᠠᠯ ᠳ᠋ᠤ᠌ ᠭᠠᠭᠴᠠ ᠬᠦ᠌ ᠭᠡᠰᠢᠭᠦᠨ ᠳ᠋ᠦ᠍ ᠡᠯᠰᠡᠬᠦ ᠬᠥᠮᠦᠨ ᠰᠠᠭᠤᠬᠤ ᠶᠤᠮ ᠭᠡᠳᠡᠭ ᠢ᠋ ᠣᠯᠵᠤ ᠰᠣᠨᠣᠰᠤᠮᠠᠭᠴᠠ᠂ ᠨᠤᠲᠤᠭ ᠤᠰᠤᠨ ᠤ᠋ ᠠᠷᠪᠠᠭᠠᠳ ᠵᠠᠯᠠᠭᠤᠴᠤᠳ ᠲᠠᠢ ᠨᠡᠢᠯᠡᠵᠦ᠂ ᠲᠡᠷᠡ ᠵᠡᠷᠭᠡᠯᠡᠳᠡᠭᠡ ᠰᠤᠮᠤᠨ ᠳ᠋ᠤ᠌ ᠬᠤᠷᠠᠯᠳᠤᠬᠤ ᠪᠠᠷ ᠣᠴᠢᠵᠠᠢ᠃
ᠲᠡᠷᠡ ᠬᠤᠷᠠᠯ ᠠ᠋ᠴᠠ ᠭᠡᠷ ᠲᠡᠭᠡᠨ( ᠲᠤ ᠪᠡᠨ) ᠪᠤᠴᠠᠵᠤ ᠢᠷᠡᠬᠦ ᠳ᠋ᠡᠭᠡᠨ( ᠳ᠋ᠦ᠍ ᠪᠡᠨ)᠂ ᠰᠡᠪ ᠰᠠᠶᠢ ᠪᠠᠢᠭᠤᠯᠤᠭᠰᠠᠨ ᠰᠢᠨ᠎ᠡ ᠡᠭᠦᠷ ᠦ᠋ᠨ ᠲᠡᠷᠢᠭᠦᠯᠡᠭᠴᠢ ᠭᠡᠰᠢᠭᠦᠨ᠂ ᠰᠤᠷᠲᠠᠯ ᠨᠡᠪᠲᠡᠷᠡᠭᠦᠯᠬᠦ ᠠᠵᠢᠯ ᠢ᠋ ᠡᠷᠬᠢᠯᠡᠨ ᠭᠦᠢᠴᠡᠳᠬᠡᠭᠴᠢ ᠠᠬᠠᠯᠠᠬᠤ ᠤᠬᠠᠭᠤᠯᠤᠭᠴᠢ ᠪᠣᠯᠵᠤ ᠢᠷᠡᠭᠡᠳ᠂ ᠬᠤᠪᠢᠰᠬᠠᠯᠲᠤ ᠵᠠᠯᠠᠭᠤᠴᠤᠳ ᠤ᠋ᠨ ᠬᠡᠪᠯᠡᠯ᠂ ᠰᠣᠨᠢᠨ ᠰᠡᠳᠬᠦᠯ ᠵᠡᠷᠭᠡ ᠨᠣᠮ ᠳᠡᠪᠲᠡᠷ ᠣᠯᠵᠤ᠂ ᠶᠡᠬᠡᠯ᠎ᠡ(ᠶᠡᠬᠡ ᠯᠡ) ᠣᠯᠵᠠᠰᠢᠶᠠᠨ ᠪᠠᠶᠠᠷᠯᠠᠵᠤ ᠢᠷᠡᠪᠡ᠃ ᠡᠬᠡ ᠨᠢ ᠴᠢᠨᠦ ᠡᠵᠡᠭᠦᠢ ᠬᠣᠢᠭᠤᠷ ᠯᠣ ᠪᠡᠢᠰᠡ ᠢᠷᠡᠵᠦ᠂ ᠴᠢᠮᠠᠶ᠋ᠢ(ᠴᠢᠮ᠎ᠠ ᠶ᠋ᠢ) ᠢᠳᠡᠷ ᠨᠠᠮ ᠤ᠋ᠨ ᠭᠡᠰᠢᠭᠦᠨ ᠪᠣᠯᠵᠤ ᠵᠠᠮ ᠢ᠋ᠶ᠋ᠠᠨ ᠠᠯᠳᠠᠬᠤ ᠨᠢ᠂ ᠬᠠᠢᠷᠠᠨ ᠵᠠᠯᠠᠭᠤ᠃ ᠲᠡᠷᠡ ᠭᠡᠰᠢᠭᠦᠨ ᠦ᠌ ᠪᠢᠴᠢᠭ ᠲᠠᠩᠭᠠᠷᠢᠭ ᠢ᠋ ᠪᠤᠴᠠᠭᠠᠵᠤ ᠥᠭᠪᠡᠯ᠂ ᠡᠴᠦᠰ ᠬᠣᠢᠲᠤ ᠳ᠋ᠤ᠌ ᠳᠡᠭᠡᠷ᠎ᠡ ᠪᠠᠢᠬᠤ ᠭᠡᠵᠦ ᠵᠠᠬᠢᠭᠠᠳ ᠶᠠᠪᠤᠭᠰᠠᠨ᠃ ᠴᠢᠮᠠᠶ᠋ᠢ(ᠴᠢᠮ᠎ᠠ ᠶ᠋ᠢ) ᠰᠠᠢᠨ ᠰᠠᠨᠠᠵᠤ᠂ ᠵᠣᠷᠢᠭᠤᠳᠠ ᠢᠷᠡᠭᠰᠡᠨ ᠲᠡᠷᠡ ᠲᠣᠮᠣᠭᠠᠲᠠᠢ ᠰᠠᠢᠨ ᠬᠥᠮᠦᠨ ᠦ᠌ ᠦᠭᠡᠨ ᠳ᠋ᠦ᠍ ᠣᠷᠣᠪᠠᠯ ᠶᠠᠭᠠᠬᠢᠨ᠎ᠠ ᠳᠠ᠂ ᠬᠦᠦ ᠮᠢᠨᠢ? ᠭᠡᠵᠦ ᠬᠦᠦ ᠶ᠋ᠢᠨ ᠡᠩᠭᠡᠷ ᠲᠦ᠍ ᠪᠠᠢᠭᠰᠠᠨ ᠰᠢᠪ ᠰᠢᠨᠡᠬᠡᠨ ᠫᠠᠯᠠᠩᠲᠠᠢ( ᠹᠠᠯᠠᠨᠲᠠᠢ) ᠮᠥᠩᠭᠥᠨ ᠲᠠᠪᠤᠨ ᠬᠣᠰᠢᠭᠤ ᠲᠡᠮᠳᠡᠭ ᠢ᠋ ᠬᠠᠷᠠᠵᠤ᠂ ᠴᠢᠷᠠᠢ ᠳ᠋ᠤᠨᠢ(ᠳ᠋ᠤ᠌ ᠨᠢ) ᠵᠣᠪᠠᠨᠢᠬᠤ ᠪᠠᠢᠳᠠᠯ ᠢᠯᠡᠷᠡᠪᠡ᠃
— ᠡᠵᠢ᠂ ᠪᠢ ᠡᠢᠮᠦ ᠰᠠᠢᠬᠠᠨ ᠵᠢᠷᠤᠭ ᠲᠠᠢ ᠪᠢᠴᠢᠭ ᠠᠪᠴᠢᠷᠠᠯ᠎ᠠ᠃ ᠲᠠ ᠦᠵᠡᠭᠡᠴᠢ᠂ ᠡᠨᠡ ᠪᠣᠯ ᠮᠠᠨ ᠤ᠋ ᠣᠯᠠᠨ ᠤ᠋ ᠡᠩᠬᠡ ᠵᠢᠷᠭᠠᠯ᠂ ᠰᠠᠢᠬᠠᠨ ᠪᠠᠢᠳᠠᠯ ᠤ᠋ᠨ ᠲᠥᠯᠥᠭᠡ ᠠᠮᠢ ᠪᠡᠶ᠎ᠡ ᠬᠠᠢᠷ᠎ᠠ ᠦᠭᠡᠢ᠂ ᠰᠡᠳᠬᠢᠯ ᠬᠦᠴᠦ ᠶ᠋ᠢ ᠰᠢᠪᠬᠠᠨ ᠵᠢᠳᠬᠦᠭᠰᠡᠭᠡᠷ ᠢᠷᠡᠭᠰᠡᠨ ᠮᠠᠨ ᠤ᠋ ᠬᠠᠮᠤᠭ ᠤ᠋ᠨ ᠬᠦᠨᠳᠦᠲᠡᠢ᠂ ᠲᠣᠮᠣᠭᠠᠲᠠᠢ᠂ ᠡᠷᠳᠡᠮᠲᠡᠢ ᠰᠠᠢᠴᠤᠤᠯ ᠤ᠋ᠨ ᠬᠢᠭᠰᠡᠨ ᠨᠣᠮ ᠵᠢᠷᠤᠭ ᠰᠢᠦ ᠳᠡ ᠭᠡᠵᠦ ᠤᠬᠠᠭᠤᠯᠬᠤ ᠵᠢᠷᠤᠭ ᠠᠪᠴᠤ ᠢᠷᠡᠭᠰᠡᠨ ᠢ᠋ᠶ᠋ᠡᠨ ᠦᠵᠡᠭᠦᠯᠬᠦ ᠭᠡᠵᠦ ᠸᠠᠳᠠᠩ ᠢ᠋ ᠲᠠᠢᠯᠬᠤ ᠳ᠋ᠤᠨᠢ ( ᠳ᠋ᠤ᠌ ᠨᠢ)᠂ ᠨᠣᠮ ᠪᠢᠴᠢᠭ ᠢ᠋ ᠶᠡᠬᠡᠳᠡ ᠬᠦᠨᠳᠦᠳᠬᠡᠵᠦ᠂ ᠠᠯᠢᠪᠠ ᠪᠢᠴᠢᠭ ᠨᠣᠮ ᠭᠡᠳᠡᠭ ᠴᠥᠮ ᠠᠷᠠᠳ ᠤ᠋ᠨ ᠲᠤᠰᠠ ᠶ᠋ᠢᠨ ᠲᠤᠯᠠᠳᠠ ᠵᠣᠬᠢᠶᠠᠭᠰᠠᠨ ᠨᠣᠮ ᠪᠢᠴᠢᠭ ᠪᠠᠢᠳᠠᠭ ᠶᠤᠮ ᠭᠡᠵᠦ ᠪᠣᠳᠣᠳᠠᠭ ᠫᠠᠯᠵᠠᠢ ᠡᠮᠡᠭᠡᠨ᠂ ᠬᠦᠦ ᠶ᠋ᠢᠨ ᠳᠡᠷᠭᠡᠳᠡ ᠬᠦᠷᠴᠦ ᠢᠷᠡᠨ᠂ ᠲᠡᠷᠡ ᠨᠣᠮ ᠵᠢᠷᠤᠭ ᠢ᠋ ᠨᠢ ᠦᠵᠡᠬᠦ ᠭᠡᠵᠦ ᠰᠠᠭᠤᠪᠠ᠃
ᠴᠢᠯᠠᠭᠤᠨ᠂ ᠣᠯᠠᠨ ᠥᠩᠭᠡ ᠶ᠋ᠢᠨ ᠪᠣᠳᠣᠭ ᠢ᠋ᠶ᠋ᠠᠷ ᠬᠡᠪᠯᠡᠭᠰᠡᠨ ᠨᠢᠭᠡᠨ ᠰᠠᠢᠬᠠᠨ ᠲᠣᠮᠣ ᠵᠢᠷᠤᠭ ᠳᠡᠯᠭᠡᠭᠡᠳ᠂
— ᠬᠠᠷᠠᠪᠠ ᠤᠤ᠂ ᠡᠵᠢ᠃ ᠡᠨᠡ ᠬᠣᠪᠳᠣᠭ ᠰᠢᠨᠤᠬᠠᠢ᠂ ᠰᠢᠳᠤᠷᠭᠤ ᠦᠭᠡᠢ ᠬᠠᠷᠭᠢᠰ ᠨᠣᠶᠠᠳ᠂ ᠪᠠᠶᠠᠨ ᠬᠥᠮᠦᠨ ᠡᠴᠡ ᠬᠠᠬᠤᠤᠯᠢ ᠢᠳᠡᠵᠦ᠂ ᠶᠠᠳᠠᠭᠤ ᠬᠥᠮᠦᠨ ᠢ᠋ ᠬᠢᠯᠢᠰ ᠬᠡᠷᠡᠭ ᠲᠦ᠍ ᠤᠨᠠᠭᠠᠨ ᠪᠠᠨᠰᠠᠳᠠᠭᠤᠯᠵᠤ ᠪᠠᠢᠨ᠎ᠠ᠃ ᠡᠨᠡ ᠠᠷᠠᠳ ᠠᠮᠢᠲᠠᠨ ᠢ᠋ ᠮᠥᠯᠵᠢᠳᠡᠭ ᠮᠠᠩᠭᠤᠰ ᠰᠢᠭ᠋ ᠬᠠᠷᠭᠢᠰ ᠨᠣᠶᠠᠨ᠂ ᠬᠥᠮᠦᠨ ᠢ᠋ ᠠᠮᠢᠳᠤ ᠪᠠᠷ ᠵᠠᠯᠭᠢᠵᠤ ᠪᠠᠢᠨ᠎ᠠ᠃ ᠡᠨᠡ ᠨᠢᠭᠡ ᠪᠠᠭᠠᠲᠤᠷ ᠡᠷ᠎ᠡ᠂ ᠲᠡᠷᠡ ᠢᠳᠡᠮᠡᠬᠡᠢ ᠨᠣᠶᠠᠨ ᠤ᠋ ᠬᠡᠪᠡᠯᠢ ᠶ᠋ᠢ ᠬᠠᠭ᠎ᠠ ᠴᠠᠪᠴᠢᠵᠤ᠂ ᠠᠷᠠᠳ ᠠᠮᠢᠲᠠᠨ ᠢ᠋ ᠬᠠᠷᠠᠩᠭᠤᠢ ᠭᠡᠳᠡᠰᠦᠨ ᠳᠣᠲᠣᠷ᠎ᠠ ᠠ᠋ᠴᠠ ᠨᠢ ᠭᠠᠷᠭᠠᠵᠤ ᠪᠠᠢᠨ᠎ᠠ᠃ ᠮᠣᠷᠢ ᠲᠠᠢ ᠲᠡᠮᠡᠭᠡ ᠲᠡᠢ᠂ ᠲᠡᠷᠭᠡ ᠲᠡᠢ ᠶᠠᠪᠠᠭᠠᠨ ᠠᠮᠢᠲᠠᠨ᠂ ᠬᠠᠭᠠᠷᠬᠠᠢ ᠭᠡᠳᠡᠰᠦᠨ ᠡᠴᠡ ᠨᠢ ᠴᠤᠪᠤᠷᠠᠨ ᠭᠠᠷᠴᠤ ᠶᠠᠪᠤᠭ᠎ᠠ ᠶ᠋ᠢ ᠬᠠᠷᠠᠪᠠ ᠤᠤ ᠡᠵᠢ? ᠭᠡᠬᠦ ᠳ᠋ᠦ᠍ᠨᠢ( ᠳ᠋ᠦ᠍ ᠨᠢ)᠂
— ᠦᠭᠡᠢ᠂ ᠡᠨᠡ ᠴᠢᠨᠢ ᠬᠥᠮᠦᠨ ᠠᠮᠢᠲᠠᠨ ᠢ᠋ ᠠᠮᠢᠳᠤ ᠪᠠᠷ ᠵᠠᠯᠭᠢᠳᠠᠭ ᠠᠶᠤᠯᠲᠠᠢ ᠮᠠᠩᠭᠤᠰ ᠤ᠋ᠨ ᠦᠯᠢᠭᠡᠷ ᠲᠦ᠍ ᠭᠠᠷᠳᠠᠭ ᠲᠠᠢ ᠠᠳᠠᠯᠢ ᠶᠤᠮ ᠰᠢᠪ ᠳᠡ᠃ ᠡᠷ᠎ᠡ ᠶ᠋ᠢᠨ ᠰᠠᠢᠨ ᠪᠠᠭᠠᠲᠤᠷ ᠬᠦᠦ ᠭᠠᠷᠴᠤ ᠢᠷᠡᠵᠦ᠂ ᠠᠷᠠᠳ ᠠᠮᠢᠲᠠᠨ ᠢ᠋ ᠮᠠᠩᠭᠤᠰ ᠤ᠋ᠨ ᠭᠡᠳᠡᠰᠦ ᠬᠠᠭ᠎ᠠ ᠲᠠᠲᠠᠵᠤ ᠭᠠᠷᠭᠠᠳᠠᠭ ᠭᠡᠵᠦ ᠦᠯᠢᠭᠡᠷ ᠲᠦ᠍ ᠭᠠᠷᠳᠠᠭ ᠪᠢᠯᠡ ᠯᠠ ᠭᠡᠬᠦ ᠳ᠋ᠦ᠍ᠨᠢ( ᠳ᠋ᠦ᠍ ᠨᠢ)᠂
— ᠠᠷᠠᠳ ᠤ᠋ᠨ ᠦᠯᠢᠭᠡᠷ ᠲᠦ᠍ ᠲᠡᠭᠡᠵᠦ ᠪᠠᠢᠳᠠᠭ ᠨᠢ ᠤᠴᠢᠷ ᠲᠠᠢ ᠶᠤᠮ ᠪᠠᠢᠨ᠎ᠠ ᠰᠢᠦ ᠳᠡ᠂ ᠡᠵᠢ ᠮᠢᠨᠢ᠃ ᠡᠨᠡ ᠵᠢᠷᠤᠭ ᠤ᠋ᠨ ᠲᠠᠢᠯᠪᠤᠷᠢ ᠦᠵᠡᠬᠦ ᠳ᠋ᠦ᠍᠂ ᠮᠠᠨ ᠤ᠋ ᠠᠷᠠᠳ ᠲᠦᠮᠡᠨ ᠦ᠌ ᠣᠯᠠᠨ ᠵᠠᠭᠤᠨ ᠵᠢᠯ ᠦ᠋ᠨ ᠲᠤᠷᠰᠢ ᠬᠦᠰᠡᠵᠦ ᠪᠠᠢᠭᠰᠠᠨ ᠬᠦᠰᠡᠯ ᠨᠢ ᠰᠠᠨᠠᠭᠰᠠᠨ ᠶᠣᠰᠣᠭᠠᠷ ᠭᠦᠢᠴᠡᠯᠳᠦᠵᠦ᠂ ᠠᠷᠠᠳ ᠤ᠋ᠨ ᠨᠠᠮ ᠭᠡᠳᠡᠭ ᠪᠠᠭᠠᠲᠤᠷ ᠬᠦᠦ ᠪᠣᠢ ᠪᠣᠯᠵᠤ᠂ ᠢᠳᠡᠮᠡᠬᠡᠢ ᠮᠠᠩᠭᠤᠰ ᠤ᠋ᠨ ᠭᠡᠳᠡᠰᠦ ᠶ᠋ᠢ ᠬᠠᠭ᠎ᠠ ᠴᠠᠪᠴᠢᠵᠤ᠂ ᠬᠠᠷᠠᠩᠭᠤᠢ ᠬᠡᠪᠡᠯᠢ ᠳᠣᠲᠣᠷ᠎ᠠ ᠨᠢ ᠵᠣᠪᠠᠵᠤ ᠪᠠᠢᠭᠰᠠᠨ ᠠᠷᠠᠳ ᠲᠦᠮᠡᠨ ᠢ᠋ ᠰᠤᠯᠠᠯᠠᠨ ᠭᠠᠷᠭᠠᠵᠠᠢ ᠭᠡᠵᠦ ᠪᠢᠴᠢᠭᠰᠡᠨ ᠪᠠᠢᠨ᠎ᠠ ᠰᠢᠦ᠃
— ᠦᠨᠡᠷᠡᠨ᠂ ᠲᠡᠢᠮᠦ ᠪᠣᠯᠵᠤ ᠰᠢᠦ ᠭᠡᠵᠦ ᠫᠠᠯᠵᠠᠢ ᠡᠮᠡᠭᠡᠨ᠂ ᠠᠷᠠᠳ ᠲᠦᠮᠡᠨ ᠢ᠋ ᠣᠯᠠᠨ ᠵᠠᠭᠤᠨ ᠵᠢᠯ ᠦ᠋ᠨ ᠲᠤᠷᠰᠢ ᠳᠠᠷᠤᠯᠠᠭᠳᠠᠨ ᠮᠥᠯᠵᠢᠭᠳᠡᠵᠦ ᠪᠠᠢᠭᠰᠠᠨ ᠢ᠋ᠶ᠋ᠠᠨ ᠡᠷᠬᠡ ᠴᠢᠯᠥᠭᠡ ᠪᠡᠨ ᠣᠯᠤᠭᠰᠠᠨ ᠢ᠋ ᠰᠡᠳᠬᠢᠯ ᠳ᠋ᠦ᠍ ᠣᠷᠣᠴᠠᠲᠠᠢ ᠰᠠᠢᠬᠠᠨ ᠢ᠋ᠶ᠋ᠠᠷ ᠳᠦᠷᠰᠦᠯᠡᠭᠰᠡᠨ ᠲᠡᠷᠡ ᠵᠢᠷᠤᠭ ᠢ᠋ ᠰᠣᠨᠢᠷᠬᠠᠵᠤ ᠦᠵᠡᠪᠡᠰᠦ᠂ ᠴᠢᠯᠠᠭᠤᠨ ᠤ᠋ ᠵᠣᠷᠢᠭ ᠣᠷᠣᠵᠤ᠂ ᠪᠠᠰᠠ ᠨᠢᠭᠡᠨ ᠵᠢᠷᠤᠭ ᠳᠡᠯᠭᠡᠭᠡᠳ᠂
— ᠡᠨᠡ ᠨᠢᠭᠡ ᠵᠢᠷᠤᠭ ᠳᠡᠭᠡᠷ᠎ᠡ ᠲᠣᠮᠣ ᠭᠡᠭᠴᠢ ᠶ᠋ᠢᠨ ᠯᠠᠮᠠ᠂ ᠶᠠᠭᠤᠮ᠎ᠠ ᠠᠪᠬᠤ ᠭᠠᠷ ᠢ᠋ᠶ᠋ᠠᠨ ᠠᠯᠲᠠ ᠳᠡᠯᠢᠮ ᠳᠡᠯᠭᠡᠭᠡᠳ᠂ ᠠᠩᠭᠠᠢᠭᠰᠠᠨ ᠶᠡᠬᠡ ᠠᠮᠠᠨ ᠳ᠋ᠤᠨᠢ( ᠳ᠋ᠤ᠌ ᠨᠢ) ᠠᠴᠢᠶᠠᠲᠠᠢ ᠵᠢᠩᠲᠡᠢ ᠣᠯᠠᠨ ᠠᠶᠠᠨᠴᠢᠨ᠂ ᠲᠡᠷᠡ ᠴᠢᠭ ᠢ᠋ᠶ᠋ᠡᠷ ᠢ᠋ᠶ᠋ᠡᠨ ᠣᠷᠣᠵᠤ ᠪᠠᠢᠭ᠎ᠠ ᠶ᠋ᠢ ᠦᠵᠡᠪᠡᠦ(ᠦᠵᠡᠪᠡ ᠤᠤ)? ᠡᠨᠡ ᠪᠣᠯ ᠣᠯᠠᠨ ᠱᠠᠪᠢ ᠨᠠᠷ ᠢ᠋ ᠵᠠᠬᠢᠷᠤᠭᠰᠠᠨ᠂ ᠠᠷᠠᠳ ᠣᠯᠠᠨ ᠢ᠋ ᠬᠣᠪᠬᠤ ᠰᠣᠷᠣᠵᠤ ᠮᠥᠯᠵᠢᠳᠡᠭ ᠬᠣᠪᠳᠣᠭ ᠰᠢᠨᠤᠬᠠᠢ ᠬᠤᠲᠤᠭᠲᠤ ᠨᠠᠷ ᠤ᠋ᠨ ᠬᠠᠩᠬᠤ ᠴᠠᠳᠬᠤ ᠦᠭᠡᠢ ᠰᠢᠨᠤᠬᠠᠢ ᠶ᠋ᠢ ᠦᠵᠡᠭᠦᠯᠵᠦ ᠪᠠᠢᠭ᠎ᠠ ᠶᠤᠮ᠃ ᠠᠯᠪᠠᠲᠤ ᠱᠠᠪᠢ ᠨᠠᠷ ᠢ᠋ᠶ᠋ᠠᠨ ᠮᠥᠯᠵᠢᠳᠡᠭ ᠡᠢᠮᠦ ᠬᠣᠪᠳᠣᠭ ᠰᠢᠨᠤᠬᠠᠢ ᠶᠡᠬᠡ ᠯᠠᠮᠠ ᠨᠠᠷ ᠢ᠋ ᠰᠢᠷ᠎ᠠ ᠹᠧᠣᠳᠠᠯ ᠭᠡᠳᠡᠭ ᠶᠦᠮ ᠰᠢᠦ᠃ ᠳᠡᠷᠭᠡᠳᠡ ᠳ᠋ᠦ᠍ᠨᠢ( ᠳ᠋ᠦ᠍ ᠨᠢ) ᠪᠠᠢᠭ᠎ᠠ ᠪᠠᠰᠠ ᠨᠢᠭᠡ ᠵᠢᠷᠤᠭ ᠳᠡᠭᠡᠷ᠎ᠡ᠂ ᠲᠡᠷᠡ ᠬᠣᠪᠳᠣᠭ ᠯᠠᠮᠠ ᠶ᠋ᠢᠨ ᠠᠮᠠ ᠶ᠋ᠢ ᠴᠣᠣᠵᠢᠯᠠᠵᠠᠢ᠃ ᠡᠨᠡ ᠪᠣᠯ᠂ ᠮᠠᠨ ᠤ᠋ ᠠᠷᠠᠳ ᠤ᠋ᠨ ᠨᠠᠮ᠂ ᠠᠷᠠᠳ ᠣᠯᠠᠨ ᠢ᠋ ᠪᠤᠤ ᠮᠥᠯᠵᠢᠭ ᠭᠡᠵᠦ ᠬᠣᠪᠳᠣᠭ ᠰᠢᠷ᠎ᠠ ᠹᠧᠣᠳᠠᠯ ᠤ᠋ᠨ ᠠᠮᠠ ᠶ᠋ᠢ ᠴᠣᠣᠵᠢᠯᠠᠵᠠᠢ ᠭᠡᠬᠦ ᠳ᠋ᠦ᠍ᠨᠢ( ᠳ᠋ᠦ᠍ ᠨᠢ)᠂ ᠠᠷᠠᠳ ᠤ᠋ᠨ ᠠᠮᠠᠨ ᠵᠣᠬᠢᠶᠠᠯ ᠳᠣᠮᠣᠭ ᠤ᠋ᠨ ᠢᠷᠠᠭᠤ ᠲᠣᠳᠣᠷᠬᠠᠢ ᠳᠦᠷᠰᠦ ᠪᠡᠷ ᠠᠷᠠᠳ ᠣᠯᠠᠨ ᠳ᠋ᠤ᠌ ᠮᠥᠯᠵᠢᠮᠡᠲᠡᠭᠡᠢ ᠬᠠᠷᠭᠢᠰ ᠳᠠᠢᠰᠤᠨ ᠤ᠋ ᠤᠴᠢᠷ ᠤᠳᠬ᠎ᠠ᠂ ᠦᠨᠡᠨ ᠪᠠᠢᠳᠠᠯ ᠢ᠋ ᠦᠵᠡᠭᠦᠯᠦᠭᠴᠢ ᠲᠡᠢᠮᠦ ᠰᠠᠢᠬᠠᠨ ᠭᠣᠶᠣ ᠵᠢᠷᠤᠭ ᠢ᠋ ᠠᠩᠬ᠎ᠠ ᠤᠳᠠᠭ᠎ᠠ ᠦᠵᠡᠭᠰᠡᠨ ᠫᠠᠯᠵᠠᠢ ᠶᠡᠬᠡᠯ᠎ᠡ ᠭᠠᠢᠬᠠᠵᠠᠢ᠃
— ᠪᠣᠭᠳᠠ ᠬᠠᠭᠠᠨ ᠡᠢᠮᠦ ᠵᠢᠷᠤᠭ ᠦᠵᠡᠭᠡᠳ ᠬᠢᠯᠢᠩᠯᠡᠳᠡᠭ ᠦᠭᠡᠢ ᠪᠠᠢᠭ᠎ᠠ ᠳᠠ? ᠬᠡᠮᠡᠪᠡᠰᠦ᠂
— ᠪᠣᠭᠳᠠ ᠬᠠᠭᠠᠨᠲᠠᠨ᠂ ᠰᠢᠳᠤᠷᠭᠤ ᠦᠭᠡᠢ ᠨᠣᠶᠠᠳ᠂ ᠰᠢᠨᠤᠬᠠᠢ ᠬᠣᠪᠳᠣᠭ ᠯᠠᠮᠠ ᠨᠠᠷ ᠪᠠᠢᠳᠠᠭ ᠢ᠋ ᠮᠡᠳᠡᠬᠦ ᠦᠭᠡᠢ ᠭᠡᠵᠦ ᠤᠤ? ᠭᠡᠵᠦ ᠠᠰᠠᠭᠤᠯᠲᠠ ᠳ᠋ᠤᠨᠢ( ᠳ᠋ᠤ᠌ ᠨᠢ) ᠠᠰᠠᠭᠤᠯᠲᠠ ᠪᠠᠷ ᠬᠠᠷᠢᠭᠤᠯᠠᠪᠠᠰᠤ᠂
— ᠦᠨᠡᠬᠡᠷ ᠲᠡᠢᠮᠦ ᠰᠢᠦ ᠳᠡ᠃ ᠵᠥᠨᠥᠭ ᠡᠬᠡ ᠴᠢᠨᠢ ᠶᠠᠭᠤᠮ᠎ᠠ ᠶ᠋ᠢᠨ ᠤᠴᠢᠷ ᠮᠡᠳᠡᠬᠦ ᠦᠭᠡᠢ ᠪᠣᠯᠤᠭᠠᠳ ᠯᠠ ᠲᠡᠭᠡᠵᠦ ᠪᠠᠢᠬᠤ ᠦᠭᠡᠢ ᠤᠤ ᠳᠠ᠃ ᠣᠳᠣ ᠰᠠᠢ᠍ᠢ(ᠰᠠᠶᠢ) ᠮᠢᠨᠦ ᠰᠦᠪᠡ ᠨᠡᠭᠡᠭᠡᠭᠳᠡᠵᠦ᠂ ᠯᠣ ᠪᠡᠢᠰᠡ᠂ ᠴᠢᠮᠠᠶ᠋ᠢ( ᠴᠢᠮ᠎ᠠ ᠶ᠋ᠢ ) ᠵᠠᠯᠠᠭᠤᠴᠤᠳ ᠤ᠋ᠨ ᠭᠡᠰᠢᠭᠦᠨ ᠪᠣᠯᠬᠤ ᠳ᠋ᠤ᠌ ᠳᠤᠷ᠎ᠠ ᠦᠭᠡᠢ ᠪᠠᠢᠭᠰᠠᠨ ᠤᠴᠢᠷ ᠢ᠋ ᠮᠡᠳᠡᠬᠦᠢᠴᠡ ᠪᠡᠨ ᠪᠣᠯᠵᠤ ᠪᠠᠢᠨ᠎ᠠ ᠭᠡᠳ ᠬᠦᠦ ᠶ᠋ᠢᠨ ᠬᠠᠴᠠᠷ ᠢ᠋ ᠦᠨᠦᠰᠴᠦ᠂ ᠭᠠᠷ ᠢ᠋ ᠨᠢ ᠠᠶᠠᠷᠬᠠᠨ ᠢᠯᠢᠵᠡᠢ᠃ ᠲᠡᠭᠡᠵᠦ ᠳᠥᠯᠭᠡᠨ ᠢ᠋ᠶ᠋ᠡᠷ ᠠᠶᠠᠷᠬᠠᠨ ᠡᠩᠬᠦᠷᠡᠢᠯᠡᠵᠦ ᠡᠷᠬᠡᠯᠡᠭᠦᠯᠦᠭᠰᠡᠨ ᠳ᠋ᠦ᠍ᠨᠢ( ᠳ᠋ᠦ᠍ ᠨᠢ) ᠴᠢᠯᠠᠭᠤᠨ ᠤ᠋ ᠰᠡᠳᠬᠢᠯ ᠵᠢᠷᠦᠬᠡ ᠤᠶᠠᠷᠠᠵᠤ᠂ ᠪᠦᠬᠦᠯᠢ ᠨᠠᠰᠤ ᠪᠠᠷ ᠦᠭᠡᠢᠭᠦᠦ ᠶᠠᠳᠠᠭᠤ ᠶ᠋ᠢᠨ ᠭᠠᠰᠢᠭᠤᠨ ᠵᠣᠪᠠᠯᠠᠩ ᠳ᠋ᠤ᠌ ᠨᠡᠷᠪᠡᠭᠳᠡᠭᠰᠡᠭᠡᠷ ᠢᠷᠡᠭᠰᠡᠨ ᠡᠮᠡᠭᠡᠨ ᠪᠤᠭᠤᠷᠤᠯ ᠡᠵᠢ ᠮᠢᠨᠢ᠂ ᠠᠬᠠᠮᠠᠳ ᠦᠶ᠎ᠡ ᠶ᠋ᠢᠨ ᠬᠥᠮᠦᠨ ᠦ᠌ ᠪᠢᠰᠢᠷᠡᠵᠦ᠂ ᠦᠭᠡ ᠪᠦᠷᠢ ᠶ᠋ᠢ ᠨᠢ ᠬᠢᠴᠢᠶᠡᠨ ᠰᠣᠨᠣᠰᠳᠠᠭ《ᠯᠠᠮᠠ ᠪᠠᠭᠰᠢ᠂ ᠲᠣᠮᠣᠭᠠᠲᠠᠢ ᠬᠥᠮᠦᠨ》 ᠭᠡᠭᠴᠢᠳ ᠨᠢ ᠦᠨᠡᠨ ᠵᠥᠪ ᠪᠢᠰᠢ᠂ ᠬᠠᠷᠢᠨ ᠲᠡᠷᠡ《ᠯᠠᠮᠠ ᠪᠠᠭᠰᠢ᠂ ᠲᠣᠮᠣᠭᠠᠲᠠᠢ ᠬᠥᠮᠦᠨ》 ᠭᠡᠭᠴᠢᠳ ᠲᠦ᠍ ᠠᠯᠢ ᠮᠠᠭᠤ ᠪᠠᠷ ᠬᠡᠯᠡᠭᠦᠯᠳᠡᠭ ᠦ᠋ᠳ ᠨᠢ ᠶᠣᠰᠣᠲᠠᠢ ᠦᠨᠡᠨ ᠵᠥᠪ ᠪᠠᠢᠭ᠎ᠠ ᠶ᠋ᠢ ᠮᠡᠳᠡᠪᠡ ᠭᠡᠵᠦ ᠲᠡᠰᠬᠡᠯ ᠦᠭᠡᠢ ᠪᠠᠶᠠᠷᠯᠠᠨ ᠤᠶᠠᠷᠠᠭᠠᠳ᠂ ᠵᠥᠪ ᠬᠡᠷᠡᠭ ᠲᠦ᠍ ᠵᠢᠳᠬᠦᠵᠦ ᠪᠠᠢᠭ᠎ᠠ ᠶ᠋ᠢ ᠮᠢᠨᠢ ᠡᠵᠢ ᠮᠢᠨᠢ ᠮᠡᠳᠡᠭᠰᠡᠨ ᠨᠢ ᠶᠠᠭᠤᠲᠠᠢ ᠪᠠᠬᠠᠲᠠᠢ ᠪᠣᠢ ᠭᠡᠵᠦ᠂ ᠡᠬᠡ ᠶ᠋ᠢᠨ ᠡᠯᠢᠭᠡᠨ ᠳ᠋ᠦ᠍ ᠡᠩᠬᠦᠷᠡᠢᠯᠡᠨ ᠨᠠᠭᠠᠯᠳᠤᠵᠤ ᠡᠵᠢ ᠠ᠋ ᠭᠡᠵᠦ ᠰᠢᠪᠡᠨᠡᠪᠡ᠃
ᠲᠡᠷᠡ ᠦᠭᠡ ᠴᠥᠭᠡᠨ ᠲᠡᠢ ᠵᠠᠯᠠᠭᠤ ᠬᠦᠦ᠂ ᠡᠬᠡ ᠶ᠋ᠢᠨ ᠬᠠᠯᠠᠭᠤᠨ ᠰᠡᠳᠬᠢᠯ ᠦ᠋ᠨ ᠳᠡᠮᠵᠢᠯᠭᠡᠨ ᠳ᠋ᠦ᠍ ᠤᠯᠠᠮ ᠵᠣᠷᠢᠭ ᠪᠠᠳᠠᠷᠠᠵᠤ᠂ ᠢᠳᠡᠷ ᠵᠠᠯᠠᠭᠤ ᠶ᠋ᠢᠨ ᠶᠡᠬᠡ ᠢᠳᠡᠪᠬᠢ ᠭᠠᠷᠭᠠᠵᠤ ᠠᠵᠢᠯᠯᠠᠨ᠂ ᠰᠤᠮᠤ ᠳᠠᠶᠠᠭᠠᠷ ᠵᠠᠯᠠᠭᠤᠴᠤᠳ ᠤ᠋ᠨ ᠢᠳᠡᠪᠬᠢᠲᠡᠨ ᠢ᠋ ᠮᠠᠭᠲᠠᠨ ᠬᠡᠯᠡᠯᠴᠡᠯ᠎ᠡ᠃ ᠵᠠᠯᠠᠭᠤᠴᠤᠳ ᠤ᠋ᠨ ᠭᠡᠰᠢᠭᠦᠳ᠂ ᠵᠠᠯᠠᠭᠤ ᠵᠠᠩᠭᠢ ᠳ᠋ᠠᠭᠠᠨ( ᠳ᠋ᠤ᠌ ᠪᠠᠨ) ᠬᠦᠴᠦᠨ ᠲᠤᠰᠠᠯᠠᠯᠴᠠᠵᠤ᠂ ᠣᠨᠣᠯᠭ᠎ᠠ ᠠᠴᠢᠯᠭ᠎ᠠ ᠮᠠᠭᠤᠲᠠᠢ ᠤᠴᠢᠷ ᠠ᠋ᠴᠠ ᠡᠪᠦᠯᠵᠢᠶᠡᠨ ᠳ᠋ᠡᠭᠡᠨ (ᠳ᠋ᠦ᠍ ᠪᠡᠨ)ᠨᠡᠭᠦᠵᠦ ᠴᠢᠳᠠᠬᠤ ᠦᠭᠡᠢ ᠪᠠᠢᠭᠰᠠᠨ ᠶᠠᠳᠠᠭᠤ ᠠᠢᠯ ᠡᠷᠦᠬᠡ ᠶ᠋ᠢ ᠡᠯᠪᠡᠯᠴᠡᠨ ᠨᠡᠭᠦᠯᠭᠡᠵᠦ ᠥᠭᠭᠦᠭᠡᠳ᠂ ᠠᠦ᠋ᠲ᠋ᠣᠨᠣᠮᠢᠲᠤ ᠶ᠋ᠢᠨ ᠦᠶ᠎ᠡ ᠳ᠋ᠦ᠍ ᠬᠠᠭᠤᠴᠢᠨ ᠮᠠᠨᠵᠤ ᠶ᠋ᠢᠨ ᠦᠶ᠎ᠡ ᠶ᠋ᠢᠨ ᠴᠠᠭᠠᠵᠠ ᠬᠠᠤᠯᠢ ᠶ᠋ᠢ ᠬᠡᠷᠡᠭᠯᠡᠭᠰᠡᠭᠡᠷ ᠢᠷᠡᠭᠰᠡᠨ ᠢ᠋ ᠬᠦᠴᠦᠨ ᠦᠭᠡᠢ ᠪᠣᠯᠭᠠᠵᠤ᠂ ᠠᠷᠠᠳ ᠤ᠋ᠨ ᠵᠠᠰᠠᠭ ᠤ᠋ᠨ ᠭᠠᠵᠠᠷ ᠠ᠋ᠴᠠ ᠰᠢᠨ᠎ᠡ ᠬᠠᠤᠯᠢ ᠳ᠋ᠤ᠌ ᠳᠦᠷᠢᠮ ᠵᠠᠷᠯᠠᠨ ᠶᠠᠪᠤᠭᠤᠯᠤᠭᠰᠠᠨ ᠤ᠋ ᠤᠴᠢᠷ ᠤᠳᠬ᠎ᠠ ᠶ᠋ᠢ ᠮᠠᠯᠴᠢᠨ ᠠᠷᠠᠳ ᠤ᠋ᠳ ᠲᠤ᠌ ᠲᠠᠢᠯᠪᠤᠷᠢᠯᠠᠵᠤ ᠲᠠᠨᠢᠭᠤᠯᠳᠠᠭ ᠪᠣᠯᠤᠯ᠎ᠠ᠃
ᠵᠠᠯᠠᠭᠤ ᠵᠠᠩᠭᠢ᠂ ᠲᠠᠢᠵᠢ ᠨᠣᠶᠠᠳ ᠲᠤ᠌ ᠤᠴᠢᠷ ᠰᠤᠷᠲᠠᠯ ᠨᠡᠪᠲᠡᠷᠡᠭᠦᠯᠵᠦ᠂ ᠲᠡᠳᠡᠨ ᠦ᠌ ᠵᠢᠩᠰᠡᠨ ᠤᠲᠤᠭ᠎ᠠ᠂ ᠵᠡᠷᠭᠡ ᠬᠡᠷᠬᠡᠮ ᠨᠢ᠂ ᠮᠥᠨ ᠨᠣᠶᠠᠳ ᠲᠠᠢᠵᠢ ᠨᠠᠷ ᠤ᠋ᠨ ᠬᠠᠷᠢᠶᠠᠲᠤ ᠬᠠᠮᠵᠢᠯᠭ᠎ᠠ ᠠ᠋ᠴᠠ ᠡᠯᠳᠡᠪ ᠠᠯᠪᠠ ᠲᠠᠲᠠᠪᠤᠷᠢ ᠲᠠᠲᠠᠬᠤ ᠪᠤᠶᠤ ᠲᠡᠳᠡᠨ ᠢ᠋ ᠠᠵᠤ ᠠᠬᠤᠢ ᠳ᠋ᠠᠭᠠᠨ( ᠳ᠋ᠤ᠌ ᠪᠠᠨ )ᠵᠠᠷᠤᠬᠤ ᠨᠢ ᠠᠷᠠᠳ ᠤ᠋ᠨ ᠰᠢᠨ᠎ᠡ ᠵᠠᠰᠠᠭ ᠤ᠋ᠨ ᠠᠷᠠᠳ ᠤ᠋ᠨ ᠡᠷᠬᠡ ᠶ᠋ᠢ ᠬᠦᠨᠳᠦᠳᠬᠡᠬᠦ ᠪᠣᠳᠣᠯᠭ᠎ᠠ ᠵᠦᠢᠯ ᠳ᠋ᠦ᠍ ᠬᠠᠷᠠᠬᠠᠨ ᠨᠡᠢᠯᠡᠯᠴᠡᠬᠦ ᠦᠭᠡᠢ᠂ ᠡᠵᠡᠷᠬᠡᠭ ᠬᠠᠷᠭᠢᠰ ᠶᠣᠰᠣᠨ ᠪᠣᠯᠬᠤ ᠶ᠋ᠢ ᠤᠢᠳᠬᠠᠷ ᠦᠭᠡᠢ ᠲᠠᠢᠯᠪᠤᠷᠢᠯᠠᠵᠤ ᠪᠢᠯᠡ᠃
ᠲᠤᠰ ᠰᠤᠮᠤ ᠶ᠋ᠢᠨ ᠣᠯᠠᠩᠬᠢ ᠬᠣᠬᠢ ᠲᠠᠢᠵᠢ ᠨᠠᠷ᠂ ᠲᠡᠷᠡ ᠵᠠᠯᠠᠭᠤᠴᠤᠳ ᠤ᠋ᠨ ᠭᠡᠰᠢᠭᠦᠨ᠂ ᠵᠠᠯᠠᠭᠤ ᠵᠠᠩᠭᠢ ᠶ᠋ᠢᠨ ᠤᠴᠢᠷ ᠤᠳᠬ᠎ᠠ ᠶ᠋ᠢ ᠲᠠᠢᠯᠪᠤᠷᠢᠯᠠᠨ ᠲᠠᠨᠢᠭᠤᠯᠤᠭᠰᠠᠨ ᠢ᠋ ᠰᠣᠨᠣᠰᠤᠭᠠᠳ᠂ ᠠᠷᠠᠳ ᠤ᠋ᠨ ᠡᠷᠬᠡ ᠶ᠋ᠢ ᠬᠦᠨᠳᠦᠳᠬᠡᠬᠦ ᠶᠣᠰᠣᠨ ᠳ᠋ᠤ᠌ ᠨᠡᠢᠯᠡᠭᠦᠯᠵᠦ᠂ ᠡᠵᠡᠷᠬᠡᠭ ᠦᠶ᠎ᠡ ᠶ᠋ᠢᠨ ᠵᠢᠩᠰᠡ ᠤᠲᠤᠭ᠎ᠠ ᠪᠠᠨ ᠰᠠᠢᠨ ᠳᠤᠷ᠎ᠠ ᠪᠠᠷ ᠢ᠋ᠶ᠋ᠠᠨ ᠤᠰᠠᠳᠬᠠᠶ᠎ᠠ ᠭᠡᠵᠦ ᠵᠥᠪᠰᠢᠶᠡᠷᠡᠪᠡᠰᠦ᠂ ᠭᠠᠭᠴᠠ ᠬᠦ᠌ ᠬᠠᠮᠵᠢᠯᠭ᠎ᠠ ᠪᠦᠬᠦᠢ ᠴᠥᠭᠡᠨ ᠨᠢᠭᠡ ᠪᠦᠯᠦᠭ ᠲᠡᠷᠢᠭᠦᠨ ᠵᠡᠷᠭᠡ ᠶ᠋ᠢᠨ ᠲᠠᠢᠵᠢ ᠨᠠᠷ ᠪᠠᠶᠠᠨ ᠯᠣᠳᠣᠢ ᠪᠠᠢᠰᠠ ᠠ᠋ᠴᠠ ᠳᠡᠮᠵᠢᠯᠭᠡ ᠠᠪᠴᠤ᠂ ᠶᠡᠷᠦ ᠲᠡᠷᠡ ᠰᠢᠨ᠎ᠡ ᠰᠤᠷᠲᠠᠯ ᠢ᠋ ᠳᠠᠭᠠᠵᠤ᠂ ᠵᠢᠩᠰᠡ ᠤᠲᠤᠭ᠎ᠠ ᠪᠠᠨ ᠠᠪᠬᠤ ᠦᠭᠡᠢ ᠭᠡᠵᠦ ᠡᠷᠡᠰ ᠲᠠᠲᠠᠭᠠᠯᠵᠠᠪᠠ᠃ ᠯᠣᠳᠣᠢ ᠪᠠᠶᠠᠨ᠂ ᠴᠢᠯᠠᠭᠤᠨ ᠤ᠋ ᠤᠴᠢᠷ ᠲᠠᠨᠢᠭᠤᠯᠤᠨ ᠶᠠᠷᠢᠭᠰᠠᠨ ᠢ᠋ ᠨᠢᠭᠡᠨ ᠤᠳᠠᠭ᠎ᠠ ᠰᠣᠨᠣᠰᠤᠭᠠᠳ᠂
— ᠴᠢ ᠠᠪᠤ ᠳ᠋ᠠᠭᠠᠨ( ᠳ᠋ᠤ᠌ ᠪᠠᠨ)᠂ ᠬᠡᠦᠬᠡᠳ ᠲᠡᠢ ᠪᠣᠯᠬᠤ ᠠᠷᠭ᠎ᠠ ᠪᠢᠲᠡᠭᠡᠢ ᠵᠢᠭᠠᠭᠠᠳ ᠪᠠᠢ᠃ ᠬᠠᠤᠯᠢ ᠳᠦᠷᠢᠮ ᠪᠢᠳᠡᠨ ᠳ᠋ᠦ᠍ ᠲᠠᠢᠯᠪᠤᠷᠢᠯᠠᠵᠤ ᠭᠠᠢᠬᠠᠭᠤᠯᠤᠭᠰᠠᠨ ᠤ᠋ ᠬᠡᠷᠡᠭ ᠠᠯᠠᠭ᠎ᠠ᠃ ᠬᠠᠤᠯᠢ ᠳᠦᠷᠢᠮ ᠰᠡᠬᠦᠵᠦ ᠬᠡᠯᠡᠯᠴᠡᠬᠦ ᠳ᠋ᠦ᠍ ᠬᠦᠷᠪᠡᠯ᠂ ᠪᠢᠴᠢᠭ ᠦᠰᠦᠭ ᠢ᠋ᠶ᠋ᠡᠷ ᠪᠢᠳᠡ ᠴᠢᠮ᠎ᠠ ᠠ᠋ᠴᠠ ᠢᠯᠡᠭᠦᠦ ᠪᠠᠢᠬᠤ ᠠ᠋ᠴᠠ ᠪᠢᠰᠢ᠂ ᠯᠠᠪ ᠴᠢᠮ᠎ᠠ ᠠ᠋ᠴᠠ ᠳᠤᠲᠠᠭᠤ ᠦᠭᠡᠢ ᠪᠠᠢᠬᠤ ᠭᠡᠵᠦ ᠪᠢᠯᠡ᠃
— ᠮᠠᠯ ᠮᠠᠯᠯᠠᠬᠤ᠂ ᠴᠠᠭ ᠠᠭᠤᠷ ᠤ᠋ᠨ ᠪᠠᠢᠳᠠᠯ ᠠᠵᠢᠭᠯᠠᠬᠤ ᠲᠠᠯ᠎ᠠ ᠪᠠᠷ ᠰᠦᠷᠡᠬᠡᠢ ᠬᠠᠰᠢᠷ ᠯᠣᠳᠣᠢ ᠪᠠᠶᠠᠨ᠂ ᠠᠯᠢ ᠬᠡᠳᠦᠢᠨ ᠦ᠌ ᠬᠠᠷ᠎ᠠ ᠨᠠᠮᠤᠷ ᠠ᠋ᠴᠠ ᠡᠬᠢᠯᠡᠨ᠂ ᠣᠭᠣᠲᠣᠨ᠎ᠠ ᠶ᠋ᠢᠨ ᠡᠪᠡᠰᠦ ᠬᠤᠷᠢᠶᠠᠬᠤ ᠪᠠᠢᠳᠠᠯ ᠵᠡᠷᠭᠡ ᠶ᠋ᠢᠨ ᠣᠯᠠᠨ ᠵᠠᠭᠤᠨ ᠵᠢᠯ ᠦ᠋ᠨ ᠲᠤᠷᠰᠢᠳᠠ ᠰᠢᠯᠭᠠᠷᠠᠭᠰᠠᠨ ᠰᠢᠨᠵᠢ ᠲᠡᠮᠳᠡᠭ ᠢ᠋ ᠵᠤᠳ ᠲᠠᠢ᠂ ᠴᠠᠰᠤ ᠶᠡᠬᠡᠲᠡᠢ ᠡᠪᠦᠯ ᠪᠣᠯᠵᠤ᠂ ᠮᠠᠯ ᠢ᠋ ᠣᠨ ᠳ᠋ᠤ᠌ ᠣᠷᠣᠭᠤᠯᠬᠤ ᠳ᠋ᠤ᠌ ᠨᠡᠯᠢᠶᠡᠳ ᠨᠢᠮᠪᠠᠢ ᠰᠠᠢᠨ ᠠᠵᠢᠯᠯᠠᠬᠤ ᠬᠡᠷᠡᠭᠲᠡᠢ ᠪᠣᠯᠬᠤ ᠨᠢ ᠭᠡᠵᠦ ᠬᠠᠰᠢᠷᠯᠠᠨ ᠮᠡᠳᠡᠭᠡᠳ᠂ ᠵᠢᠩᠰᠡ ᠤᠲᠤᠭ᠎ᠠ ᠵᠡᠷᠭᠡ ᠪᠡᠨ ᠤᠰᠠᠳᠬᠠᠬᠤ ᠦᠭᠡᠢ ᠭᠡᠵᠦ ᠰᠠᠨᠠᠭ᠎ᠠ ᠰᠢᠯᠤᠭᠤᠳᠤᠭᠰᠠᠨ ᠲᠡᠷᠢᠭᠦᠨ ᠵᠡᠷᠭᠡ ᠶ᠋ᠢᠨ ᠬᠡᠳᠦᠨ ᠲᠠᠢᠵᠢ ᠨᠠᠷ ᠲᠠᠢ ᠨᠡᠢᠯᠡᠵᠦ᠂ ᠦᠭᠡ ᠰᠠᠨᠠᠯ ᠢ᠋ᠶ᠋ᠠᠨ ᠨᠢᠭᠡᠳᠬᠡᠭᠡᠳ ᠮᠠᠯ ᠰᠦᠷᠦᠭ ᠢ᠋ᠶ᠋ᠡᠨ ᠡᠷᠲᠡᠨ ᠡᠴᠡ ᠣᠲᠣᠷᠯᠠᠭᠤᠯᠵᠠᠢ᠃ ᠲᠡᠷᠡ ᠲᠠᠢᠵᠢ ᠨᠠᠷ ᠤ᠋ᠨ ᠬᠠᠮᠵᠢᠯᠭ᠎ᠠ ᠪᠠᠢᠭᠠᠳ᠂ ᠰᠤᠮᠤ ᠶ᠋ᠢᠨ ᠡᠷ᠎ᠡ ᠪᠣᠯᠤᠭᠰᠠᠨ ᠬᠡᠳᠦᠨ ᠠᠷᠪᠠᠨ ᠢᠳᠡᠷ ᠴᠢᠭᠢᠷᠠᠭ ᠮᠠᠯᠴᠢᠨ᠂ ᠯᠣᠳᠣᠢ ᠪᠠᠶᠠᠨ ᠤ᠋ ᠮᠠᠯ ᠰᠦᠷᠦᠭ ᠠᠳᠤᠭᠤᠯᠠᠵᠤ ᠪᠠᠢᠭᠰᠠᠨ ᠬᠥᠮᠦᠨ ᠬᠡᠳᠦᠢᠪᠡᠷ ᠠᠷᠤ ᠭᠡᠷ ᠲᠡᠭᠡᠨ( ᠲᠤ ᠪᠡᠨ )ᠥᠲᠡᠯᠦᠭᠰᠡᠨ ᠡᠪᠦᠭᠡᠳ ᠡᠮᠡᠭᠡᠳ ᠬᠡᠦᠬᠡᠳ ᠰᠢᠤᠬᠠᠳ ᠲᠠᠢ᠂ ᠶᠡᠷᠦ ᠲᠠᠪᠤ ᠠᠷᠪᠠᠨ ᠮᠠᠯ ᠢ᠋ᠶ᠋ᠠᠨ ᠬᠠᠷᠠᠬᠤ ᠬᠥᠮᠦᠨ ᠪᠦᠯᠢ ᠮᠠᠭᠤᠲᠠᠢ ᠪᠣᠯᠪᠠᠴᠤ᠂ ᠬᠠᠭᠤᠴᠢᠨ ᠵᠠᠬᠢᠷᠴᠤ ᠪᠠᠢᠭᠰᠠᠨ ᠲᠠᠢᠵᠢ ᠨᠣᠶᠠᠳ ᠤ᠋ᠨ ᠥᠭᠡᠳᠡ ᠡᠴᠡ ᠰᠢᠭᠤᠳ ᠦᠭᠡᠢ ᠭᠡᠵᠦ ᠴᠢᠳᠠᠭᠰᠠᠨ ᠦᠭᠡᠢ᠃ ᠠᠷᠭ᠎ᠠ ᠪᠤᠶᠤ ᠲᠡᠷᠡ ᠬᠡᠳᠦᠨ ᠪᠠᠶᠠᠨ ᠲᠠᠢᠵᠢ᠂ ᠯᠣᠳᠣᠢ ᠪᠠᠢᠰᠠ ᠨᠠᠷ ᠤ᠋ᠨ ᠮᠠᠯ ᠰᠦᠷᠦᠭ ᠢ᠋ ᠣᠲᠣᠷᠯᠠᠭᠤᠯᠬᠤ ᠪᠠᠷ ᠶᠠᠪᠤᠭᠠᠳ ᠥᠭᠴᠡᠢ᠃ ᠣᠳᠣ ᠥᠪᠡᠷ ᠦ᠋ᠨ ᠠᠷᠠᠳ ᠤ᠋ᠨ ᠵᠠᠰᠠᠭ ᠮᠠᠨᠳᠤᠭᠠᠳ᠂ ᠡᠵᠡᠨ ᠪᠣᠭᠣᠯ ᠤ᠋ᠨ ᠶᠣᠰᠣ ᠮᠥᠬᠥᠵᠦ ᠭᠡᠵᠦ ᠮᠡᠳᠡᠪᠡᠴᠦ᠂ ᠦᠬᠦᠭᠰᠡᠨ ᠪᠤᠤᠷ᠎ᠠ ᠶ᠋ᠢᠨ ᠲᠣᠯᠣᠭᠠᠢ ᠠ᠋ᠴᠠ ᠠᠮᠢᠳᠤ ᠠᠳᠠ ᠠᠶᠤᠳᠠᠭ ᠭᠡᠭᠴᠢ ᠪᠡᠷ ᠥᠴᠥᠭᠡᠳᠦᠷᠬᠡᠨ ᠲᠩᠷᠢ ᠢᠵᠠᠭᠤᠷᠲᠤ ᠡᠵᠡᠨ ᠨᠣᠶᠠᠨ ᠭᠡᠵᠦ ᠪᠠᠢᠭᠰᠠᠨ ᠤᠯᠤᠰ ᠠ᠋ᠴᠠ ᠳᠣᠲᠣᠷ᠎ᠠ ᠪᠠᠨ ᠠᠶᠤᠵᠤ ᠡᠮᠢᠶᠡᠳᠡᠭ ᠨᠢ ᠪᠦᠷᠢᠨ ᠤᠰᠠᠳᠤᠭᠠ ᠦᠭᠡᠢ ᠪᠠᠢᠵᠠᠢ᠃
ᠡᠪᠦᠯ ᠦ᠋ᠨ ᠳᠤᠮᠳᠠ ᠰᠠᠷ᠎ᠠ ᠳ᠋ᠤ᠌ ᠶᠡᠬᠡ ᠰᠢᠭᠤᠷᠭ᠎ᠠ ᠲᠠᠯᠪᠢᠭᠠᠳ᠂ ᠠᠢᠯ ᠠᠮᠢᠲᠠᠨ ᠠᠳᠤᠭᠤ ᠮᠠᠯ ᠢ᠋ᠶ᠋ᠠᠨ ᠰᠠᠯᠬᠢᠨ ᠳ᠋ᠤ᠌ ᠠᠯᠳᠠᠵᠤ ᠰᠠᠨᠳᠤᠷᠤᠯᠠ᠃ ᠢᠯᠠᠩᠭᠤᠶ᠎ᠠ ᠬᠡᠳᠦᠨ ᠪᠠᠶᠠᠨ ᠲᠠᠢᠵᠢ ᠨᠠᠷ ᠤ᠋ᠨ ᠮᠠᠯ ᠳᠠᠭᠠᠵᠤ᠂ ᠣᠲᠣᠷ ᠲᠤ᠌ ᠴᠠᠷᠠᠮ ᠬᠢᠬᠦ ᠢᠳᠡᠷᠴᠦᠳ ᠨᠢ ᠶᠠᠪᠤᠭᠰᠠᠨ ᠠᠢᠯ ᠤ᠋ᠳ ᠬᠡᠴᠡᠭᠦᠳᠡᠯ᠎ᠡ᠃ ᠰᠢᠭᠤᠷᠭᠠᠨ ᠳᠡᠭᠡᠷ᠎ᠡ ᠪᠠᠰᠠ ᠶᠡᠬᠡ ᠴᠠᠰᠤ ᠵᠠᠯᠭᠠᠨ ᠣᠷᠣᠵᠤ᠂ ᠪᠡᠯᠴᠢᠭᠡᠷ ᠦ᠋ᠨ ᠡᠪᠡᠰᠦ ᠳᠠᠷᠤᠭᠳᠠᠵᠤ᠂ ᠵᠤᠳ ᠪᠣᠯᠵᠤ ᠮᠠᠯ ᠤ᠋ᠨ ᠲᠡᠵᠢᠭᠡᠯ ᠲᠠᠰᠤᠷᠠᠯ᠎ᠠ᠃ ᠵᠤᠵᠠᠭᠠᠨ ᠴᠠᠰᠤᠨ ᠤ᠋ ᠥᠩᠭᠡᠨ ᠲᠠᠯ᠎ᠠ ᠨᠢ ᠬᠠᠲᠠᠭᠤ ᠪᠣᠯᠤᠭᠠᠳ᠂ ᠦᠬᠡᠷ ᠮᠠᠯ ᠤ᠋ᠨ ᠶᠠᠪᠤᠬᠤ ᠳ᠋ᠤ᠌ ᠴᠥᠮᠥᠷᠡᠨ ᠬᠤᠰᠤᠭᠰᠠᠭᠠᠷ᠂ ᠬᠥᠯ ᠦ᠋ᠨ ᠦᠰᠦ ᠨᠢ ᠵᠤᠯᠭᠠᠷᠠᠵᠤ ᠤᠯᠠᠭᠠᠨ ᠮᠢᠬ᠎ᠠ ᠪᠣᠯᠵᠤ᠂ ᠡᠪᠡᠰᠦ ᠬᠡᠯᠡ ᠪᠡᠷ ᠢ᠋ᠶ᠋ᠡᠨ ᠣᠷᠢᠶᠠᠨ ᠢᠳᠡᠳᠡᠭ ᠦᠬᠡᠷ ᠡᠩ ᠲᠡᠷᠢᠭᠦᠨ ᠦᠬᠦᠯ᠎ᠡ᠃
ᠴᠢᠯᠠᠭᠤᠨ ᠤ᠋ ᠦᠭᠡ ᠶ᠋ᠢ ᠵᠥᠪᠰᠢᠶᠡᠷᠡᠵᠦ᠂ ᠵᠢᠩᠰᠡ ᠤᠲᠤᠭ᠎ᠠ ᠪᠠᠨ ᠠᠪᠤᠭᠰᠠᠨ ᠬᠣᠬᠢ ᠲᠠᠢᠵᠢ ᠨᠠᠷ᠂ ᠵᠤᠳ ᠲᠤ᠌ ᠪᠠᠰᠠ ᠠᠷᠪᠠ ᠲᠠᠪᠤᠨ ᠮᠠᠯ ᠢ᠋ᠶ᠋ᠠᠨ ᠠᠯᠳᠠᠵᠤ ᠬᠣᠬᠢᠷᠠᠯᠠ᠃
ᠶᠡᠬᠡ ᠴᠠᠰᠤᠨ ᠳ᠋ᠤ᠌ ᠲᠦᠯᠡᠰᠢ ᠪᠡᠷ ᠲᠠᠰᠤᠯᠳᠠᠵᠤ᠂ ᠭᠠᠯ ᠠᠯᠳᠠᠭᠰᠠᠨ ᠠᠢᠯ ᠣᠯᠠᠨ ᠪᠠᠢᠪᠠ᠃ ᠠᠷᠭ᠎ᠠ ᠪᠠᠷᠠᠭᠳᠠᠬᠤ ᠳ᠋ᠤ᠌᠂ ᠵᠠᠷᠢᠮ ᠠᠢᠯ᠂ ᠭᠡᠷ ᠦ᠋ᠨ ᠣᠨᠢ᠂ ᠮᠣᠳᠣᠨ ᠰᠢᠷᠡᠭᠡ᠂ ᠣᠷᠣᠨ ᠤ᠋ ᠮᠣᠳᠣ ᠲᠦᠯᠡᠵᠦ ᠰᠠᠨᠳᠤᠷᠪᠠ᠃
ᠯᠣᠳᠣᠢ ᠪᠠᠶᠠᠨ ᠪᠠᠢᠰᠠ᠂ ᠠᠢᠯ ᠠᠮᠢᠲᠠᠨ ᠤ᠋ ᠵᠤᠳ ᠲᠤ᠌ ᠰᠠᠨᠳᠤᠷᠤᠭᠰᠠᠨ ᠳ᠋ᠤ᠌ ᠲᠠᠪᠠ ᠪᠠᠨ ᠬᠠᠨᠵᠤ᠂
— ᠵᠠ᠂ ᠬᠠᠷᠠᠪᠠ ᠤᠤ᠂ ᠲᠠ ᠨᠠᠷ? ᠲᠡᠷᠡ ᠰᠢᠷ᠎ᠠ ᠵᠠᠪᠠᠵᠢᠲᠤ ᠵᠤᠯᠵᠠᠭ᠎ᠠ ᠴᠢᠯᠠᠭᠤᠨ ᠤ᠋ ᠦᠭᠡᠨ ᠳ᠋ᠦ᠍ ᠣᠷᠣᠵᠤ᠂ ᠵᠢᠩᠰᠡ ᠤᠲᠤᠭ᠎ᠠ ᠪᠠᠨ ᠤᠰᠠᠳᠬᠠᠵᠤ ᠴᠢᠳᠠᠬᠤ ᠦᠭᠡᠢ ᠭᠡᠵᠦ ᠪᠠᠢᠭᠰᠠᠨ ᠲᠠᠢᠵᠢ ᠨᠠᠷ ᠪᠣᠯᠣᠳ ᠮᠢᠨᠦ ᠪᠡᠶ᠎ᠡ ᠶᠡᠷᠦ ᠵᠤᠳ ᠠ᠋ᠴᠠ ᠪᠣᠯᠵᠤ᠂ ᠮᠠᠯ ᠭᠠᠷᠤᠵᠠᠳᠠᠭᠰᠠᠨ ᠦᠭᠡᠢ᠃ ᠪᠢᠳᠡ᠂ ᠥᠨᠥᠴᠢᠨ ᠢᠰᠢᠭᠡ ᠴᠦ᠍ ᠦᠬᠦᠭᠦᠯᠦᠯ ᠦᠭᠡᠢ ᠵᠤᠳ ᠤ᠋ᠨ ᠠᠶᠤᠯ ᠢ᠋ ᠥᠩᠭᠡᠷᠡᠭᠦᠯᠦᠯ᠎ᠡ᠃ ᠭᠡᠲᠡᠯ᠎ᠡ᠂ ᠲᠡᠷᠡ ᠤᠴᠢᠷ ᠮᠡᠳᠡᠬᠦ ᠦᠭᠡᠢ ᠮᠠᠭᠤ ᠬᠦᠦ ᠶ᠋ᠢᠨ ᠠᠮᠠ ᠪᠠᠷ ᠪᠤᠳᠠᠭ᠎ᠠ ᠢᠳᠡᠬᠦ ᠳ᠋ᠦ᠍ ᠵᠢᠩᠰᠡ ᠤᠲᠤᠭ᠎ᠠ ᠪᠠᠨ ᠠᠪᠴᠤ ᠬᠠᠶᠠᠭᠠᠳ᠂ ᠡᠷᠬᠢᠮ ᠲᠩᠷᠢ ᠢᠵᠠᠭᠤᠷ ᠢ᠋ᠶ᠋ᠠᠨ ᠬᠡᠷᠡᠭᠰᠡᠬᠦ ᠦᠭᠡᠢ ᠪᠣᠯᠭᠠᠭᠰᠠᠨ ᠲᠠᠢᠵᠢ ᠨᠠᠷ᠂ ᠮᠥᠨ ᠲᠡᠳᠡᠨ ᠦ᠌ ᠨᠢᠭᠡᠨ ᠠᠳᠠᠯᠢ ᠪᠠᠷ ᠲᠡᠷᠡ ᠪᠤᠷᠤᠭᠤ ᠶᠣᠰᠣᠲᠤ ᠴᠢᠯᠠᠭᠤᠨ ᠢ᠋ ᠳᠠᠭᠠᠭᠰᠠᠨ ᠠᠷᠠᠳ ᠤ᠋ᠳ᠂ ᠲᠩᠷᠢ ᠪᠤᠷᠬᠠᠨ᠂ ᠭᠠᠵᠠᠷ ᠤᠰᠤᠨ ᠤ᠋ ᠡᠵᠡᠨ᠂ ᠯᠤᠤᠰ ᠰᠠᠪᠳᠠᠭ ᠢ᠋ ᠬᠢᠯᠢᠩᠯᠡᠭᠦᠯᠵᠦ᠂ ᠪᠡᠶ᠎ᠡ ᠳ᠋ᠡᠭᠡᠨ ( ᠳ᠋ᠦ᠍ ᠪᠡᠨ)ᠵᠣᠪᠠᠯᠠᠩ ᠲᠠᠲᠠᠵᠠᠢ᠃ ᠣᠳᠣ ᠠᠵᠠ ᠶ᠋ᠢᠨ ᠲᠩᠷᠢ᠂ ᠲᠡᠳᠡᠨ ᠡᠴᠡ ᠴᠢᠷᠠᠢ ᠪᠠᠨ ᠪᠤᠷᠤᠭᠤᠯᠠᠵᠤ᠂ ᠬᠡᠨ ᠲᠡᠳᠡᠨ ᠳ᠋ᠦ᠍ ᠲᠤᠰᠠᠯᠠᠨ ᠲᠡᠩᠬᠡᠷᠡᠭᠦᠯᠬᠦ ᠪᠢᠯᠡ? ᠬᠣᠬᠢ ᠨᠢ ᠳᠡ ᠭᠡᠵᠡᠢ᠃
ᠶᠠᠳᠠᠭᠤ ᠬᠣᠭᠣᠰᠣᠨ ᠠᠷᠠᠳ ᠤ᠋ᠨ ᠵᠣᠪᠠᠯᠠᠩ ᠢ᠋ ᠪᠠᠬᠠᠳᠤᠵᠤ ᠲᠠᠪᠠ ᠪᠠᠨ ᠬᠠᠨᠵᠤ ᠪᠠᠢᠭᠰᠠᠨ ᠯᠣᠳᠣᠢ ᠶ᠋ᠢᠨ ᠲᠡᠷᠡ ᠦᠭᠡ ᠶ᠋ᠢ ᠫᠠᠯᠵᠠᠢ ᠡᠮᠡᠭᠡᠨ ᠰᠣᠨᠣᠰᠤᠭᠠᠳ ᠰᠡᠭᠦᠷᠡᠰᠦ ᠠᠯᠲᠠᠨ᠂
— ᠦᠨᠡᠬᠡᠷ᠂ ᠬᠡᠨ᠂ ᠮᠠᠨᠠᠢ(ᠮᠠᠨ ᠤ᠋) ᠮᠡᠲᠦ ᠶ᠋ᠢᠨ ᠠᠮᠢᠲᠠᠨ ᠳ᠋ᠤ᠌ ᠲᠤᠰᠠᠯᠠᠨ ᠲᠡᠩᠬᠡᠷᠡᠭᠦᠯᠬᠦ ᠪᠢᠯᠡ? ᠨᠣᠶᠠᠳ ᠤ᠋ᠨ ᠲᠤᠰᠠᠯᠠᠬᠤ ᠨᠢ ᠴᠣᠬᠣᠮ ᠬᠣᠯᠠ ᠬᠡᠪᠲᠡᠳᠡᠭ ᠬᠡᠷᠡᠭ᠃ ᠨᠠᠮᠤᠷ ᠠ᠋ᠴᠠ ᠨᠥᠬᠥᠴᠡ ᠢᠳᠡᠰᠢ᠂ ᠠᠷᠭᠠᠯ ᠲᠦᠯᠡᠰᠢ ᠪᠡᠨ ᠪᠠᠵᠠᠭᠠᠵᠤ ᠠᠪᠤᠭᠠᠳ᠂ ᠮᠠᠯ ᠢ᠋ᠶ᠋ᠠᠨ ᠵᠤᠳ ᠦᠭᠡᠢ ᠬᠣᠯᠠ ᠶ᠋ᠢᠨ ᠪᠡᠯᠴᠢᠭᠡᠷ ᠲᠦ᠍ ᠣᠲᠣᠷᠯᠠᠭᠤᠯᠤᠭᠰᠠᠨ ᠪᠠᠶᠠᠳ᠂ ᠬᠠᠮᠢᠭ᠎ᠠ ᠠ᠋ᠴᠠ ᠪᠢᠳᠡᠨ ᠳ᠋ᠦ᠍ ᠲᠤᠰᠠᠯᠠᠬᠤ ᠭᠡᠵᠦ ᠪᠠᠢᠬᠤ ᠪᠣᠢ? ᠪᠢᠳᠡᠨ ᠦ᠌ ᠵᠠᠯᠪᠠᠷᠢᠨ ᠭᠣᠶᠣᠳᠠᠭ ᠮᠠᠨᠢ ᠭᠠᠭᠴᠠ ᠮᠠᠨ ᠤ᠋ ᠠᠷᠠᠳ ᠤ᠋ᠨ ᠵᠠᠰᠠᠭ ᠪᠢᠯᠡ᠃ ᠵᠠᠰᠠᠭ ᠤ᠋ᠨ ᠬᠠᠢᠷ᠎ᠠ ᠲᠤᠰᠯᠠᠮᠵᠢ ᠢᠷᠡᠲᠡᠯ᠎ᠡ᠂ ᠨᠠᠭᠠᠨ᠎ᠠ ᠨᠢ ᠪᠢᠳᠡ ᠠᠯᠢ ᠪᠣᠯᠬᠤ ᠴᠢᠳᠠᠬᠤ ᠪᠠᠷ ᠢ᠋ᠶ᠋ᠠᠨ ᠪᠡᠶ᠎ᠡ ᠪᠡᠶ᠎ᠡ ᠳ᠋ᠡᠭᠡᠨ( ᠳ᠋ᠦ᠍ ᠪᠡᠨ) ᠲᠤᠰᠠᠯᠠᠵᠤ ᠦᠵᠡᠶ᠎ᠡ ᠭᠡᠵᠦ ᠪᠢᠯᠡ᠃
ᠲᠡᠭᠡᠲᠡᠯ᠎ᠡ ᠨᠢᠭᠡ ᠮᠡᠳᠡᠬᠦᠨ᠎ᠠ᠂ ᠲᠤᠰᠠᠯᠠᠮᠵᠢ ᠭᠡᠨᠡᠳᠲᠡᠬᠡᠨ ᠬᠦᠷᠦᠭᠡᠳ ᠢᠷᠡᠵᠡᠢ᠃ ᠠᠷᠠᠳ ᠤ᠋ᠨ ᠵᠠᠰᠠᠭ ᠤ᠋ᠨ ᠣᠷᠳᠣᠨ ᠠ᠋ᠴᠠ ᠶᠠᠭᠠᠷᠠᠯᠲᠠᠢ ᠴᠠᠬᠢᠯᠭᠠᠨ ᠤᠲᠠᠰᠤ ᠪᠠᠷ ᠬᠠᠷᠢᠶᠠᠲᠤ ᠠᠢᠮᠠᠭ ᠤ᠋ᠨ ᠰᠠᠩ ᠬᠥᠮᠥᠷᠭᠡ ᠡᠴᠡ ᠵᠣᠬᠢᠬᠤ ᠲᠤᠰᠯᠠᠮᠵᠢ᠂ ᠡᠳ᠋ ᠬᠥᠷᠥᠩᠭᠡ ᠶᠠᠭᠠᠷᠠᠨ ᠭᠠᠢᠬᠠᠭᠤᠯᠵᠤ᠂ ᠵᠤᠳ ᠲᠤ᠌ ᠨᠡᠷᠪᠡᠭᠳᠡᠨ ᠡᠷᠡᠰᠳᠡᠭᠰᠡᠳ ᠲᠦ᠍ ᠲᠤᠰᠠᠯᠠᠨ ᠲᠡᠩᠬᠡᠷᠡᠭᠦᠯᠬᠦ ᠶ᠋ᠢ ᠲᠤᠰᠢᠶᠠᠭᠰᠠᠨ ᠢ᠋ᠶ᠋ᠠᠷ ᠵᠤᠳ ᠲᠠᠢ ᠨᠤᠲᠤᠭ ᠲᠤ᠌ ᠲᠡᠮᠡᠭᠡᠨ ᠵᠢᠩ ᠶᠠᠭᠠᠷᠠᠪᠴᠢᠯᠠᠨ ᠬᠥᠳᠡᠯᠭᠡᠵᠦ᠂ ᠡᠯᠳᠡᠪ ᠴᠢᠬᠤᠯᠠ ᠬᠡᠷᠡᠭᠯᠡᠬᠦ ᠳᠠᠪ ᠲᠣᠪ ᠤ᠋ᠨ ᠵᠦᠢᠯ ᠢ᠋ ᠶᠠᠪᠤᠭᠤᠯᠵᠠᠢ᠃
ᠯᠾᠠ ᠪᠡᠢᠯᠡ ᠶ᠋ᠢᠨ ᠬᠤᠰᠢᠭᠤᠨ ᠳ᠋ᠠᠬᠢ ᠵᠠᠯᠠᠭᠤᠴᠤᠳ ᠤ᠋ᠨ ᠡᠭᠦᠷ᠂ ᠵᠤᠳ ᠤ᠋ᠨ ᠠᠶᠤᠯ ᠳ᠋ᠤ᠌ ᠨᠡᠷᠪᠡᠭᠳᠡᠭᠰᠡᠳ ᠲᠦ᠍ ᠵᠠᠰᠠᠭ ᠤ᠋ᠨ ᠲᠤᠰᠯᠠᠮᠵᠢ ᠬᠦᠷᠦᠯᠴᠡᠨ ᠢᠷᠡᠬᠦ ᠶ᠋ᠢᠨ ᠨᠠᠭᠠᠨ᠎ᠠ᠂ ᠠᠯᠢ ᠪᠣᠯᠬᠤ ᠪᠠᠷ ᠲᠤᠰᠠᠯᠠᠨ ᠲᠡᠩᠬᠡᠷᠡᠭᠦᠯᠬᠦ ᠶᠠᠪᠤᠳᠠᠯ ᠳ᠋ᠤ᠌ ᠭᠡᠰᠢᠭᠦᠨ ᠪᠤᠰᠤ ᠵᠠᠯᠠᠭᠤᠴᠤᠳ ᠢ᠋ ᠣᠷᠣᠢᠯᠠᠨ ᠤᠳᠤᠷᠢᠳᠴᠤ᠂ ᠭᠠᠯ ᠠᠯᠳᠠᠭᠰᠠᠳ ᠲᠤ᠌ ᠠᠷᠭᠠᠯ ᠲᠦᠯᠡᠰᠢ ᠣᠯᠵᠤ ᠥᠭᠬᠦ᠂ ᠬᠥᠮᠦᠨ ᠪᠦᠯᠢ ᠮᠠᠭᠤᠲᠠᠢ ᠠᠢᠯ ᠳ᠋ᠤ᠌ ᠦᠯᠡᠳᠡᠭᠰᠡᠨ ᠠᠷᠪᠠ ᠲᠠᠪᠤᠨ ᠮᠠᠯ ᠢ᠋ᠶ᠋ᠠᠨ ᠮᠠᠯᠯᠠᠬᠤ ᠳ᠋ᠤᠨᠢ( ᠳ᠋ᠤ᠌ ᠨᠢ) ᠴᠠᠰᠤ ᠤᠬᠤᠯᠴᠠᠵᠤ ᠥᠭᠬᠦ ᠵᠡᠷᠭᠡ ᠪᠡᠷ ᠴᠢᠳᠠᠯ ᠤ᠋ᠨ ᠬᠢᠷᠢ ᠪᠡᠷ ᠲᠤᠰᠠᠯᠠᠯᠴᠠᠵᠤ᠂ ᠬᠡᠨ ᠬᠡᠨ᠂ ᠶᠠᠭᠤ ᠶᠠᠭᠤ ᠪᠠᠷ ᠭᠠᠴᠢᠭᠳᠠᠵᠤ ᠪᠠᠢᠭ᠎ᠠ ᠶ᠋ᠢ ᠨᠢᠭᠡᠳ ᠨᠢᠭᠡᠨ ᠦᠭᠡᠢ ᠰᠤᠷᠪᠤᠯᠵᠢᠯᠠᠨ ᠪᠦᠷᠢᠳᠬᠡᠵᠦ ᠪᠠᠢᠭᠰᠠᠨ ᠨᠢ ᠠᠷᠠᠳ ᠤ᠋ᠳ ᠲᠤ᠌ ᠳᠠᠪ ᠲᠣᠪ ᠤ᠋ᠨ ᠬᠡᠷᠡᠭᠯᠡᠬᠦ ᠴᠢᠬᠤᠯᠠ ᠵᠦᠢᠯ ᠢ᠋ ᠲᠦᠭᠡᠭᠡᠨ᠂ ᠭᠠᠴᠢᠭᠳᠠᠯ ᠢ᠋ ᠲᠠᠢᠯᠬᠤ ᠲᠠᠯ᠎ᠠ ᠪᠠᠷ ᠲᠤᠢᠯ ᠤ᠋ᠨ ᠶᠡᠬᠡ ᠲᠤᠰᠠ ᠶ᠋ᠢ ᠦᠵᠡᠭᠦᠯᠵᠦ ᠪᠢᠯᠡ᠃
ᠵᠠᠯᠠᠭᠤ ᠵᠠᠩᠭᠢ ᠴᠢᠯᠠᠭᠤᠨ ᠤ᠋ ᠪᠡᠶ᠎ᠡ᠂ ᠬᠠᠷᠢᠶᠠᠲᠤ ᠰᠤᠮᠤᠨ ᠤ᠋ ᠳᠡᠪᠢᠰᠬᠡᠷ ᠲᠦ᠍ ᠵᠤᠳ ᠲᠤᠷᠠᠬᠠᠨ ᠤ᠋ ᠭᠠᠴᠢᠭᠳᠠᠯ ᠵᠣᠪᠠᠯᠠᠩ ᠳ᠋ᠤ᠌ ᠨᠡᠷᠪᠡᠭᠳᠡᠭᠰᠡᠨ ᠠᠢᠯ ᠡᠷᠦᠬᠡ ᠶ᠋ᠢ ᠡᠪᠯᠡᠯ ᠦ᠋ᠨ ᠭᠡᠰᠢᠭᠦᠨ᠂ ᠭᠡᠰᠢᠭᠦᠨ ᠪᠤᠰᠤ ᠢᠳᠡᠪᠬᠢᠲᠡᠨ ᠵᠠᠯᠠᠭᠤᠴᠤᠳ ᠤ᠋ᠨ ᠲᠤᠰᠯᠠᠮᠵᠢ ᠪᠠᠷ ᠪᠦᠷᠢᠳᠬᠡᠵᠦ᠂ ᠠᠷᠪᠠᠨ ᠠᠷᠪᠠᠨ ᠢ᠋ᠶ᠋ᠠᠷ ᠢᠯᠭᠠᠨ ᠰᠠᠯᠭᠠᠵᠤ ᠲᠣᠳᠣᠷᠬᠠᠢᠯᠠᠭᠠᠳ᠂ ᠲᠤᠰᠠᠯᠠᠨ ᠲᠡᠩᠬᠡᠷᠡᠭᠦᠯᠬᠦ ᠶᠠᠭᠤᠮ᠎ᠠ ᠠᠴᠢᠭᠰᠠᠨ ᠵᠢᠩ ᠦ᠋ᠨ ᠲᠡᠮᠡᠭᠡ ᠠᠢᠰᠤᠢ ᠶ᠋ᠢᠨ ᠰᠤᠷᠠᠭ ᠰᠣᠨᠣᠰᠤᠮᠠᠭᠴᠠ᠂ ᠢᠳᠡᠪᠬᠢᠲᠡᠨ ᠵᠠᠯᠠᠭᠤᠴᠤᠳ ᠢ᠋ ᠴᠤᠭᠯᠠᠭᠤᠯᠵᠤ ᠪᠢᠯᠡ᠃ ᠠᠢᠮᠠᠭ ᠠ᠋ᠴᠠ ᠵᠢᠩᠴᠢᠨ ᠢ᠋ ᠤᠳᠤᠷᠢᠳᠴᠤ ᠢᠷᠡᠭᠰᠡᠨ ᠨᠠᠮ ᠤ᠋ᠨ ᠭᠡᠰᠢᠭᠦᠨ ᠴᠣᠢ᠂ ᠵᠠᠯᠠᠭᠤᠴᠤᠳ ᠤ᠋ᠨ ᠭᠡᠰᠢᠭᠦᠨ ᠵᠠᠩᠭᠢ ᠴᠢᠯᠠᠭᠤᠨ ᠤ᠋ ᠲᠡᠭᠡᠵᠦ ᠤᠷᠢᠳᠠ ᠠ᠋ᠴᠠ ᠨᠢ ᠰᠠᠨᠠᠭᠠᠴᠢᠯᠠᠵᠤ ᠣᠨᠴᠠ ᠭᠠᠴᠢᠭᠳᠠᠯᠲᠠᠢ ᠠᠢᠯ ᠡᠷᠦᠬᠡ ᠶ᠋ᠢ ᠠᠷᠪᠠᠨ ᠠᠷᠪᠠᠨ ᠢ᠋ᠶ᠋ᠠᠷ ᠨᠢ ᠢᠯᠭᠠᠨ ᠲᠣᠳᠣᠷᠬᠠᠢᠯᠠᠭᠰᠠᠨ ᠴᠧᠰᠧ ᠶ᠋ᠢ ᠦᠵᠡᠭᠡᠳ᠂ ᠪᠤᠭᠤᠷᠤᠯ ᠰᠠᠬᠠᠯ ᠳᠣᠲᠣᠷ᠎ᠠ ᠪᠠᠨ ᠢᠨᠢᠶᠡᠮᠰᠦᠭᠯᠡᠨ ᠪᠠᠶᠠᠷᠯᠠᠵᠤ᠂ ᠡᠷᠦᠬᠡ ᠳᠣᠳᠣᠮ ᠬᠡᠳᠦᠨ ᠠᠮᠠ᠂ ᠶᠠᠭᠤ ᠶᠠᠭᠤ ᠪᠠᠷ ᠭᠠᠴᠢᠭᠳᠠᠨ ᠪᠠᠢᠭ᠎ᠠ ᠪᠠᠢᠳᠠᠯ ᠢ᠋ ᠲᠣᠳᠣᠷᠬᠠᠢᠯᠠᠵᠤ᠂ ᠠᠷᠪᠠᠨ ᠠᠷᠪᠠᠨ ᠢ᠋ᠶ᠋ᠠᠷ ᠨᠢ ᠰᠠᠯᠭᠠᠵᠤ ᠲᠣᠳᠣᠷᠬᠠᠢᠯᠠᠭᠰᠠᠨ ᠴᠢᠨᠢ ᠪᠢᠳᠡᠨ ᠦ᠌ ᠠᠵᠢᠯ ᠳ᠋ᠤ᠌ ᠶᠡᠬᠡ ᠳᠥᠭᠥᠮ ᠪᠣᠯᠤᠯ᠎ᠠ᠃ ᠴᠢ ᠶᠡᠷᠦᠨᠢ ᠴᠢᠳᠠᠯᠲᠠᠢ ᠵᠠᠯᠠᠭᠤ ᠪᠠᠢᠬᠤ ᠰᠢᠪ᠃ ᠨᠡᠯᠢᠶᠡᠳ ᠰᠠᠢᠨ ᠵᠣᠬᠢᠶᠠᠨ ᠪᠠᠢᠭᠤᠯᠤᠭᠴᠢ ᠬᠥᠮᠦᠨ ᠪᠣᠯᠬᠤ ᠶᠤᠮ ᠪᠠᠢᠨ᠎ᠠ ᠳᠠ᠂ ᠴᠢ ᠮᠢᠨᠢ᠃ ᠦᠭᠡᠢ᠂ ᠬᠡᠳᠦᠢ ᠳ᠋ᠡᠭᠡᠨ ( ᠳ᠋ᠦ᠍ ᠪᠡᠨ) ᠴᠢ ᠢᠩᠭᠢᠵᠦ ᠪᠦᠷᠢᠳᠬᠡᠵᠦ ᠠᠮᠵᠢᠭᠰᠠᠨ ᠶᠤᠮ ᠪᠣᠢ? ᠭᠡᠬᠦ ᠳ᠋ᠦ᠍ᠨᠢ ( ᠳ᠋ᠦ᠍ ᠨᠢ)᠂
— ᠪᠢ ᠭᠠᠭᠴᠠᠭᠠᠷ ᠢ᠋ᠶ᠋ᠠᠨ ᠪᠢᠰᠢ᠂ ᠮᠠᠨᠠᠢ(ᠮᠠᠨ ᠤ᠋ )ᠵᠠᠯᠠᠭᠤᠴᠤᠳ ᠨᠠᠳᠠᠳᠤ(ᠨᠠᠳᠠ ᠳ᠋ᠤ᠌) ᠲᠤᠰᠠᠯᠠᠯᠴᠠᠵᠤ᠂ ᠪᠢᠳᠡ ᠪᠦᠭᠦᠳᠡᠭᠡᠷ ᠢ᠋ᠶ᠋ᠡᠨ ᠨᠡᠢᠲᠡ ᠶ᠋ᠢᠨ ᠬᠦᠴᠦ ᠪᠡᠷ ᠮᠡᠳᠡᠭᠡ ᠪᠦᠷᠢᠳᠬᠡᠵᠦ᠂ ᠵᠠᠰᠠᠭ ᠠ᠋ᠴᠠ ᠲᠤᠰᠠᠯᠠᠮᠵᠢ ᠢᠷᠡᠬᠦ ᠳ᠋ᠦ᠍ ᠰᠠᠭᠠᠲᠠᠭᠤᠯᠬᠤ ᠦᠭᠡᠢ ᠶ᠋ᠢ ᠬᠡᠴᠢᠶᠡᠭᠰᠡᠨ ᠪᠢᠯᠡ᠃ ᠮᠠᠨᠠᠢ (ᠮᠠᠨ ᠤ᠋) ᠵᠠᠯᠠᠭᠤᠴᠤᠳ ᠠᠷᠪᠠᠨ ᠠᠷᠪᠠᠨ ᠢ᠋ᠶ᠋ᠠᠷ ᠲᠠᠷᠬᠠᠵᠤ᠂ ᠲᠤᠰᠠᠯᠠᠮᠵᠢ ᠶ᠋ᠢᠨ ᠶᠠᠭᠤᠮ᠎ᠠ ᠶ᠋ᠢ ᠬᠤᠪᠢᠶᠠᠨ ᠣᠯᠭᠣᠬᠤ ᠳ᠋ᠤ᠌ ᠲᠤᠰᠠᠯᠠᠬᠤ ᠭᠡᠵᠦ ᠴᠤᠭᠯᠠᠭᠠᠳ᠂ ᠴᠥᠮ ᠲᠡᠷᠡ ᠲᠡᠷᠡ ᠠᠷᠪᠠᠨ ᠳ᠋ᠤ᠌ ᠣᠴᠢᠨ᠎ᠠ ᠭᠡᠵᠦ ᠣᠨᠣᠭᠠᠯᠳᠠᠲᠠᠢ ᠪᠢᠯᠡ ᠭᠡᠵᠡᠢ᠃
ᠲᠡᠷᠡ ᠡᠳᠦᠷ ᠲᠡᠭᠡᠨ ( ᠲᠤ ᠪᠡᠨ )ᠰᠤᠮᠤ ᠶ᠋ᠢᠨ ᠵᠠᠯᠠᠭᠤᠴᠤᠳ᠂ ᠵᠠᠰᠠᠭ ᠤ᠋ᠨ ᠲᠤᠰᠠᠯᠠᠮᠵᠢ ᠬᠦᠷᠭᠡᠵᠦ ᠢᠷᠡᠭᠰᠡᠨ ᠲᠡᠮᠡᠭᠡᠨ ᠵᠢᠩ ᠢ᠋ ᠬᠤᠪᠢᠶᠠᠵᠤ ᠠᠪᠤᠭᠠᠳ᠂ ᠠᠷᠪᠠᠨ ᠠᠷᠪᠠᠨ ᠢ᠋ᠶ᠋ᠠᠷ ᠨᠢ ᠶᠠᠪᠤᠵᠤ᠂ ᠤᠭ ᠲᠤᠰᠠᠯᠠᠮᠵᠢ ᠶ᠋ᠢᠨ ᠵᠦᠢᠯ ᠢ᠋ ᠲᠦᠭᠡᠭᠡᠨ ᠲᠠᠯᠪᠢᠬᠤ ᠪᠠᠷ ᠮᠣᠷᠳᠠᠵᠠᠢ᠃
ᠵᠠᠰᠠᠭ ᠤ᠋ᠨ ᠲᠤᠰᠠᠯᠠᠮᠵᠢ ᠲᠦᠷᠭᠡᠨ᠎ᠡ ᠬᠦᠷᠴᠦ ᠢᠷᠡᠭᠡᠳ᠂ ᠭᠠᠴᠢᠬᠳᠠᠭᠰᠠᠳ ᠢ᠋ ᠥᠯᠪᠡᠷᠦᠨ ᠤᠰᠬᠤᠬᠤ ᠶ᠋ᠢᠨ ᠵᠣᠪᠠᠯᠠᠩ ᠠ᠋ᠴᠠ ᠲᠡᠩᠬᠡᠷᠡᠭᠦᠯᠦᠭᠰᠡᠨ ᠳ᠋ᠦ᠍ ᠠᠷᠠᠳ ᠤ᠋ᠳ ᠶᠡᠬᠡᠯ᠎ᠡ( ᠶᠡᠬᠡ ᠯᠡ )ᠪᠠᠶᠠᠷᠯᠠᠨ ᠰᠦᠰᠦᠭᠯᠡᠵᠦ᠂ ᠠᠷᠠᠳ ᠤ᠋ᠨ ᠭᠡᠭᠡᠨ ᠵᠠᠰᠠᠭ ᠤ᠋ᠨ ᠠᠴᠢ ᠶ᠋ᠢ ᠬᠦᠷᠲᠡᠵᠦ ᠭᠢᠯᠠᠢᠯ᠎ᠠ᠃ ᠵᠠᠰᠠᠭ ᠤ᠋ᠨ ᠲᠤᠰᠠᠯᠠᠮᠵᠢ ᠶ᠋ᠢ ᠪᠢᠳᠡᠨ ᠳ᠋ᠦ᠍ ᠰᠠᠭᠠᠳ ᠦᠭᠡᠢ ᠬᠦᠷᠭᠡᠵᠦ ᠥᠭᠭᠦᠭᠰᠡᠨ ᠵᠠᠯᠠᠭᠤᠴᠤᠳ ᠲᠠ ᠪᠦᠬᠦᠨ ᠠᠴᠢᠲᠠᠢ ᠪᠣᠯᠤᠭᠠᠷᠠᠢ! ᠪᠢᠳᠡᠨ ᠳ᠋ᠦ᠍ ᠦᠨᠡᠨ ᠰᠠᠨᠠᠭᠠᠨ ᠠ᠋ᠴᠠ ᠦᠨᠡᠬᠡᠷ ᠲᠤᠰᠠᠯᠠᠬᠤ ᠭᠡᠵᠦ ᠣᠷᠣᠯᠳᠣᠳᠠᠭ ᠨᠥᠬᠥᠳ ᠢ᠋ᠶ᠋ᠡᠨ ᠣᠳᠣ ᠲᠠᠨᠢᠵᠤ ᠠᠪᠤᠯ᠎ᠠ᠃ ᠪᠢᠳᠡᠨ ᠢ᠋ ᠪᠠᠴᠢᠯᠠᠨ ᠮᠡᠬᠡᠯᠡᠵᠦ᠂ ᠨᠠᠭᠠᠭᠤᠷ ᠢ᠋ᠶ᠋ᠠᠨ ᠪᠢᠳᠡᠨ ᠦ᠌ ᠲᠤᠰᠠ ᠶ᠋ᠢ ᠪᠣᠳᠣᠭᠰᠠᠨ ᠪᠠᠢᠳᠠᠯ ᠭᠠᠷᠭᠠᠵᠤ ᠪᠠᠢᠭᠠᠳ᠂ ᠴᠠᠭᠠᠭᠤᠷ ᠢ᠋ᠶ᠋ᠠᠨ ᠪᠢᠳᠡᠨ ᠢ᠋ ᠬᠣᠣᠷᠯᠠᠬᠤ ᠭᠡᠵᠦ ᠪᠠᠢᠭᠰᠠᠨ ᠡᠲᠡᠭᠡᠳ ᠦ᠋ᠨ ᠦᠨᠡᠨ ᠴᠢᠷᠠᠢ ᠶ᠋ᠢ ᠨᠢ ᠣᠯᠵᠤ ᠲᠠᠨᠢᠯ᠎ᠠ ᠭᠡᠵᠦ ᠡᠷᠡᠭᠡ ᠦᠭᠡᠢ ᠦᠨᠡᠨ ᠦᠭᠡ ᠪᠡᠨ ᠬᠡᠯᠡᠵᠦ ᠪᠢᠯᠡ᠃
ᠵᠤᠳ ᠲᠤ᠌ ᠪᠠᠢᠳᠠᠭ ᠮᠠᠯ ᠢ᠋ᠶ᠋ᠠᠨ ᠦᠬᠦᠭᠦᠯᠵᠦ ᠬᠣᠬᠢᠷᠠᠭᠰᠠᠨ ᠶᠠᠳᠠᠭᠤᠰ᠂ ᠵᠠᠰᠠᠭ ᠤ᠋ᠨ ᠭᠠᠵᠠᠷ ᠠ᠋ᠴᠠ ᠮᠠᠯ ᠣᠯᠭᠣᠵᠤ᠂ ᠭᠤᠷᠪᠠᠨ ᠵᠢᠯ ᠦ᠋ᠨ ᠠᠯᠪᠠᠨ ᠲᠠᠲᠠᠪᠤᠷᠢ ᠠ᠋ᠴᠠ ᠬᠡᠯᠲᠦᠷᠢᠭᠦᠯᠦᠨ ᠲᠤᠰᠠᠯᠠᠭᠰᠠᠨ ᠢ᠋ ᠰᠣᠨᠣᠰᠤᠭᠠᠳ ᠤᠶᠠᠷᠠᠨ ᠤᠬᠢᠯᠠᠵᠤ᠂ ᠨᠠᠮ ᠵᠠᠰᠠᠭ ᠢ᠋ ᠵᠠᠯᠪᠠᠷᠢᠨ ᠢᠷᠥᠭᠡᠵᠡᠢ᠃
ᠠᠷᠠᠳ ᠤ᠋ᠨ ᠵᠠᠰᠠᠭ ᠤ᠋ᠨ ᠢᠩᠭᠢᠵᠦ ᠲᠦᠷᠭᠡᠨ᠎ᠡ ᠲᠡᠩᠬᠡᠷᠡᠭᠦᠯᠵᠦ᠂ ᠬᠤᠪᠢᠰᠬᠠᠯᠲᠤ ᠵᠠᠯᠠᠭᠤᠴᠤᠳ ᠤ᠋ᠨ ᠡᠪᠯᠡᠯ ᠦ᠋ᠨ ᠭᠡᠰᠢᠭᠦᠳ᠂ ᠵᠠᠰᠠᠭ ᠤ᠋ᠨ ᠲᠤᠰᠠᠯᠠᠮᠵᠢ ᠶ᠋ᠢ ᠱᠠᠯᠠᠮᠠᠭᠠᠢᠯᠠᠨ ᠵᠣᠬᠢᠬᠴᠢᠳ ᠲᠤ᠌ ᠲᠦᠭᠡᠭᠡᠨ ᠬᠦᠷᠭᠡᠵᠦ ᠥᠭᠬᠦ ᠳ᠋ᠦ᠍ ᠬᠦᠴᠦᠨ ᠲᠤᠰᠠᠯᠠᠯᠴᠠᠨ ᠭᠠᠪᠰᠢᠭᠠᠢᠯᠠᠭᠰᠠᠨ ᠳ᠋ᠤ᠌᠂ ᠣᠯᠠᠨ ᠤ᠋ ᠵᠣᠪᠠᠯᠠᠩ ᠢ᠋ᠶ᠋ᠠᠷ ᠬᠤᠪᠢᠰ ᠤ᠋ᠨ ᠨᠡᠷ᠎ᠡ ᠠᠰᠢᠭ ᠢ᠋ ᠪᠠᠲᠤᠳᠬᠠᠬᠤ ᠭᠡᠰᠡᠨ ᠯᠣᠳᠣᠢ ᠪᠠᠶᠠᠨ ᠪᠡᠢᠰᠡ ᠲᠡᠷᠢᠭᠦᠨ ᠲᠡᠢ᠂ ᠲᠡᠷᠡ ᠨᠤᠲᠤᠭ ᠤ᠋ᠨ ᠬᠡᠳᠦᠨ ᠦᠮᠡᠬᠡᠢ ᠪᠠᠶᠠᠨ ᠲᠠᠢᠵᠢ ᠨᠠᠷ ᠣᠯᠠᠨ ᠤ᠋ ᠰᠠᠨᠠᠭ᠎ᠠ ᠲᠡᠳᠡᠨ ᠡᠴᠡ ᠬᠥᠨᠳᠡᠢᠷᠡᠵᠦ᠂ ᠡᠷᠬᠡᠰᠢᠶᠡᠯ ᠨᠥᠯᠥᠭᠡ ᠪᠡᠨ ᠠᠯᠳᠠᠵᠤ ᠡᠬᠢᠯᠡᠭᠰᠡᠨ ᠳ᠋ᠦ᠍ ᠬᠥᠮᠥᠭᠡᠢ ᠪᠡᠨ ᠵᠠᠭᠤᠵᠤ᠂ ᠪᠢᠲᠡᠭᠦᠦ ᠪᠡᠷ ᠶᠡᠬᠡᠯ᠎ᠡ(ᠶᠡᠬᠡ ᠯᠡ)ᠬᠣᠷᠣᠰᠴᠠᠢ᠃
* * *
ᠭᠣᠮᠪᠣ ᠵᠠᠬᠢᠷᠤᠭᠴᠢ ᠲᠠᠢ ᠠᠭᠤᠯᠵᠠᠬᠤ ᠭᠡᠵᠦ ᠶᠠᠪᠤᠭᠰᠠᠨ ᠯᠣᠳᠣᠢ ᠪᠠᠶᠠᠨ᠂ ᠠᠴᠢᠶ᠎ᠠ ᠦᠭᠡᠢ ᠬᠣᠶᠠᠷ ᠲᠡᠮᠡᠭᠡ ᠬᠥᠲᠥᠯᠦᠭᠰᠡᠨ ᠬᠥᠮᠦᠨ ᠢ᠋ ᠬᠠᠷᠠᠭᠠᠳ᠂ ᠬᠦᠨᠳᠦ ᠰᠤᠮᠤᠨ ᠲᠠᠰᠢᠭᠤᠷ ᠢ᠋ᠶ᠋ᠠᠷ ᠤᠨᠤᠭᠰᠠᠨ ᠲᠣᠮᠣ ᠠᠳᠠ ᠪᠠᠨ ᠲᠠᠰᠬᠢᠲᠡᠯ᠎ᠡ ᠭᠤᠶᠠᠳᠠᠵᠤ᠂ ᠲᠡᠷᠡ ᠬᠥᠮᠦᠨ ᠦ᠌ ᠵᠦᠭ ᠣᠢᠷᠠᠲᠤᠭᠠᠳ᠂ ᠴᠢᠯᠠᠭᠤᠨ ᠢ᠋ ᠲᠠᠨᠢᠵᠤ᠂ ᠠᠮᠠᠨ ᠳᠣᠲᠣᠷ᠎ᠠ ᠪᠠᠨ᠂
— ᠮᠠᠭᠤ ᠨᠣᠬᠠᠢ! ᠭᠡᠵᠦ ᠬᠠᠷᠢᠶᠠᠭᠠᠳ᠂ ᠴᠢᠯᠠᠭᠤᠨ ᠢ᠋ ᠲᠡᠮᠡᠭᠡᠨ ᠡᠴᠡ ᠪᠠᠭᠤᠯ ᠦᠭᠡᠢ ᠯᠣᠳᠣᠢ ᠶ᠋ᠢ ᠮᠡᠬᠦᠢᠰᠬᠢᠨ ᠶᠣᠰᠣᠯᠠᠭᠰᠠᠨ ᠳ᠋ᠤ᠌ ᠴᠢᠷᠠᠢ ᠪᠠᠨ ᠢᠷᠪᠠᠢᠯᠭᠠᠨ᠂ ᠪᠣᠭᠳᠠ ᠡᠵᠡᠨ ᠬᠠᠭᠠᠨ ᠤ᠋ ᠬᠡᠰᠢᠭ ᠬᠦᠷᠲᠡᠵᠦ᠂ ᠦᠶ᠎ᠡ ᠤᠯᠠᠷᠢᠨ ᠪᠡᠢᠰᠡ ᠵᠠᠯᠭᠠᠮᠵᠢᠯᠠᠬᠤ ᠨᠠᠳᠠ ᠲᠠᠢ ᠡᠨᠡ ᠮᠡᠲᠦ ᠭᠥᠯᠥᠭᠡ ᠤᠷᠢᠳᠤ ᠶ᠋ᠢᠨ ᠴᠠᠭ ᠲᠤ᠌ ᠠᠭᠤᠯᠵᠠᠭᠠᠳ᠂ ᠲᠡᠮᠡᠭᠡᠨ ᠡᠴᠡ ᠪᠠᠭᠤᠯ ᠦᠭᠡᠢ ᠢᠩᠭᠢᠵᠦ ᠶᠣᠰᠣᠯᠠᠭᠠᠳ ᠦᠵᠡᠪᠡᠯ᠂ ᠮᠥᠯᠬᠥᠲᠡᠯᠡ ᠴᠢᠨᠢ ᠪᠠᠩᠵᠠᠳᠠᠭᠤᠯᠬᠤ (ᠪᠠᠨᠰᠠᠳᠠᠭᠤᠯᠬᠤ)ᠰᠠᠨ ᠳᠠ ᠭᠡᠵᠦ ᠳᠣᠲᠣᠷ᠎ᠠ ᠪᠠᠨ ᠪᠣᠳᠣᠵᠤ ᠢᠷᠪᠠᠢᠰᠬᠢᠨ᠂
— ᠵᠠ᠂ ᠬᠠᠮᠢᠭ᠎ᠠ ᠠ᠋ᠴᠠ ᠶᠠᠪᠤᠵᠤ ᠪᠠᠢᠭ᠎ᠠ ᠪᠢᠯᠡ? ᠭᠡᠵᠦ ᠠᠰᠠᠭᠤᠪᠠᠰᠤ᠂
— ᠵᠤᠳ ᠲᠤ᠌ ᠬᠣᠬᠢᠷᠠᠭᠰᠠᠨ ᠠᠢᠯ ᠢ᠋ᠶ᠋ᠠᠷ ᠶᠠᠪᠤᠵᠤ᠂ ᠵᠠᠰᠠᠭ ᠤ᠋ᠨ ᠲᠤᠰᠯᠠᠮᠵᠢ ᠶ᠋ᠢᠨ ᠵᠦᠢᠯ ᠢ᠋ ᠬᠤᠪᠢᠶᠠᠵᠤ ᠥᠭᠭᠦᠭᠡᠳ ᠪᠤᠴᠠᠵᠤ ᠶᠠᠪᠤᠨ᠎ᠠ ᠭᠡᠵᠦ ᠬᠡᠯᠡᠭᠡᠳ᠂ ᠴᠢᠬᠢᠨ ᠳᠣᠣᠷ᠎ᠠ ᠠ᠋ᠴᠠ ᠡᠷᠡᠦ ᠶ᠋ᠢᠨ ᠳᠣᠣᠷ᠎ᠠ ᠬᠦᠷᠲᠡᠯ᠎ᠡ ᠲᠣᠮᠣ ᠭᠡᠭᠴᠢ ᠶ᠋ᠢᠨ ᠬᠦᠷᠡᠩ ᠤᠯᠠᠭᠠᠨ ᠤᠯᠬᠠ ᠲᠠᠢ ᠲᠡᠷᠡ ᠯᠦ᠍ ᠪᠠᠶᠠᠨ ᠤ᠋ ᠠᠭᠤᠷ ᠲᠠᠢ ᠴᠢᠷᠠᠢ ᠶ᠋ᠢ ᠰᠢᠷᠲᠡᠰᠬᠢᠨ ᠬᠠᠷᠠᠵᠠᠢ᠃
ᠲᠡᠷᠡ ᠵᠠᠯᠠᠭᠤ ᠶ᠋ᠢᠨ ᠣᠭᠲᠣ ᠠᠶᠤᠨ ᠰᠠᠨᠳᠤᠷᠬᠤ ᠦᠭᠡᠢ᠂ ᠡᠷᠬᠡ ᠲᠡᠭᠰᠢ ᠬᠥᠮᠦᠨ ᠰᠢᠭ ᠳᠤᠤᠭᠠᠷᠬᠤ ᠶᠠᠷᠢᠬᠤ ᠪᠠᠢᠳᠠᠯ ᠨᠢ ᠲᠠᠯᠪᠢᠭᠤᠨ ᠲᠣᠭᠲᠠᠭᠤᠨ᠂ ᠬᠡᠢ ᠮᠣᠷᠢᠲᠠᠢ ᠵᠣᠷᠢᠭᠲᠠᠢ ᠪᠠᠢᠭ᠎ᠠ ᠶ᠋ᠢ ᠨᠢ ᠦᠵᠡᠭᠡᠳ᠂ ᠯᠦ᠍ ᠪᠠᠶᠠᠨ ᠪᠠᠢᠰᠠ ᠶ᠋ᠢᠨ ᠴᠡᠭᠡᠵᠢᠨ ᠳ᠋ᠦ᠍ ᠬᠣᠷᠣᠰᠤᠯ ᠬᠢᠯᠢᠩ ᠪᠠᠳᠠᠷᠠᠵᠤ ᠡᠬᠢᠯᠡᠯ᠎ᠡ᠃ ᠴᠢᠯᠠᠭᠤᠨ ᠢ᠋ ᠠᠢᠯ ᠳ᠋ᠤ᠌ ᠨᠣᠶᠠᠨ ᠶᠡᠬᠡᠰ ᠢ᠋ ᠡᠯᠡᠭᠯᠡᠨ ᠵᠢᠷᠤᠭᠰᠠᠨ ᠮᠤᠬᠤᠷ ᠲᠣᠯᠣᠭᠠᠢᠲᠠᠨ ᠤ᠋ ᠵᠢᠷᠤᠭ ᠢ᠋ ᠦᠵᠡᠭᠦᠯᠵᠦ ᠲᠠᠢᠯᠪᠤᠷᠢᠯᠠᠨ ᠶᠠᠷᠢᠬᠤ ᠳ᠋ᠤᠨᠢ ( ᠳ᠋ᠤ᠌ ᠨᠢ)᠂ ᠨᠢᠭᠡ ᠵᠢᠭᠠᠯ ᠬᠦᠦ ᠲᠡᠷᠡ ᠵᠢᠷᠤᠭ ᠲᠤ᠌᠂ ᠬᠥᠮᠦᠨ ᠵᠠᠯᠭᠢᠳᠠᠭ ᠪᠦᠳᠦᠭᠦᠨ ᠭᠡᠭᠴᠢ ᠶ᠋ᠢᠨ ᠮᠠᠩᠭᠤᠰ ᠨᠣᠶᠠᠨ ᠭᠡᠳᠡᠰᠦ ᠪᠡᠨ ᠬᠠᠭ᠎ᠠ ᠲᠠᠲᠠᠭᠤᠯᠤᠭᠠᠳ᠂ ᠬᠡᠪᠡᠯᠢ ᠳᠣᠲᠣᠷ᠎ᠠ ᠠ᠋ᠴᠠ ᠨᠢ ᠬᠥᠮᠦᠨ ᠠᠮᠢᠲᠠᠨ ᠴᠤᠪᠤᠷᠠᠨ ᠭᠠᠷᠴᠤ ᠶᠠᠪᠤᠭ᠎ᠠ ᠪᠠᠢᠳᠠᠯ ᠢ᠋ ᠬᠠᠷᠠᠭᠠᠳ ᠬᠦᠢ᠂ ᠡᠨᠡ ᠮᠠᠨ ᠤ᠋ ᠯᠦ᠍ ᠪᠡᠢᠰᠡ! ᠵᠢᠩᠰᠡ ᠤᠲᠤᠭ᠎ᠠ ᠲᠠᠢ ᠮᠠᠯᠠᠭᠠᠢ ᠨᠢ ᠬᠦᠷᠲᠡᠯ᠎ᠡ ᠮᠥᠨ ᠪᠠᠢᠨ᠎ᠠ ᠰᠢᠦ! ᠭᠡᠰᠡᠨ ᠢ᠋ ᠵᠠᠩᠲᠠᠢ ᠠ᠋ᠴᠠ ᠰᠣᠨᠣᠰᠤᠭᠰᠠᠨ ᠨᠢ ᠰᠠᠨᠠᠭᠠᠨ ᠳ᠋ᠤᠨᠢ( ᠳ᠋ᠤ᠌ ᠨᠢ) ᠣᠷᠣᠭᠠᠳ᠂ ᠲᠡᠷᠡ ᠵᠢᠷᠤᠭ ᠢ᠋ ᠤᠷᠢᠳᠤ ᠮᠥᠨ ᠦᠵᠡᠭᠰᠡᠨ ᠲᠤᠯᠠ᠂ ᠯᠣᠳᠣᠢ ᠶ᠋ᠢᠨ ᠨᠢᠳᠦᠨ ᠳ᠋ᠦ᠍ᠨᠢ ( ᠳ᠋ᠦ᠍ ᠨᠢ) ᠦᠵᠡᠭᠳᠡᠬᠦ ᠰᠢᠭ ᠪᠣᠯᠵᠤ᠂ ᠬᠥᠮᠥᠰᠬᠡ ᠪᠡᠨ ᠠᠲᠤᠷᠢᠭᠤᠯᠤᠨ᠂
— ᠵᠠ᠂ ᠪᠢᠳᠡᠨ ᠦ᠌ ᠪᠡᠨ ᠠᠮᠠ ᠶ᠋ᠢ ᠴᠣᠣᠵᠢᠯᠠᠵᠤ᠂ ᠭᠡᠳᠡᠰᠦ ᠶ᠋ᠢ ᠮᠠᠨᠢ ᠬᠡᠵᠢᠶ᠎ᠡ ᠬᠠᠭᠠᠯᠬᠤ ᠨᠢ ᠪᠣᠢ ᠴᠢ? ᠭᠡᠵᠦ ᠠᠰᠠᠭᠤᠪᠠᠰᠤ ᠴᠢᠯᠠᠭᠤᠨ᠂ ᠲᠡᠷᠡ ᠠᠭᠤᠷᠯᠠᠨ᠂ ᠳᠡᠪᠡᠯ ᠳ᠋ᠡᠭᠡᠨ ( ᠳ᠋ᠦ᠍ ᠪᠡᠨ) ᠪᠠᠭᠲᠠᠨ ᠶᠠᠳᠠᠵᠤ ᠪᠠᠢᠭᠰᠠᠨ ᠪᠠᠶᠠᠨ ᠢ᠋ ᠭᠠᠢᠬᠠᠨ ᠬᠠᠷᠠᠭᠠᠳ᠂ ᠲᠣᠭᠲᠠᠭᠤ ᠲᠠᠯᠪᠢᠭᠤᠨ ᠢ᠋ᠶ᠋ᠠᠷ᠂
— ᠲᠡᠭᠡᠬᠦ ᠭᠡᠰᠡᠨ ᠬᠥᠮᠦᠨ ᠠᠯᠠᠭ᠎ᠠ ᠠ᠋ ᠭᠡᠵᠦ ᠬᠡᠯᠡᠪᠡ᠃
— ᠠ᠂ ᠲᠡᠢᠮᠦ ᠪᠣᠢ? ᠴᠢ᠂ ᠲᠡᠭᠡᠪᠡᠯ᠂ ᠮᠢᠨᠦ ᠮᠠᠯ ᠤ᠋ᠨ ᠲᠣᠭ᠎ᠠ ᠶ᠋ᠢ ᠨᠠᠳᠠ ᠠ᠋ᠴᠠ ᠠᠪᠬᠤ ᠦᠭᠡᠢ᠂ ᠮᠢᠨᠦ ᠬᠣᠨᠢᠴᠢᠨ ᠮᠠᠯᠴᠢᠨ ᠠ᠋ᠴᠠ ᠠᠰᠠᠭᠤᠵᠤ ᠶᠠᠪᠤᠳᠠᠭ ᠴᠢᠨᠢ ᠶᠠᠭᠤ ᠪᠢᠯᠡ? ᠭᠡᠵᠦ ᠯᠣᠳᠣᠢ ᠶ᠋ᠢᠨ ᠪᠠᠷᠬᠢᠷᠠᠨ ᠠᠰᠠᠭᠤᠬᠤ ᠳ᠋ᠤ᠌᠂
— ᠲᠠᠨ ᠢ᠋ ᠮᠠᠯ ᠢ᠋ᠶ᠋ᠠᠨ ᠳᠠᠷᠤᠭᠳᠠᠭᠤᠯᠤᠭᠰᠠᠨ ᠤᠴᠢᠷ ᠬᠢᠨᠠᠨ ᠮᠠᠭᠠᠳᠯᠠᠵᠤ ᠦᠵᠡᠭᠡᠳ᠂ ᠪᠠᠷᠤᠭ ᠭᠤᠷᠪᠠᠨ ᠤ᠋ ᠨᠢᠭᠡ ᠬᠤᠪᠢ ᠶ᠋ᠢ ᠳᠠᠷᠤᠭᠰᠠᠨ ᠢ᠋ ᠣᠯᠵᠤ ᠠᠪᠤᠭᠰᠠᠨ ᠪᠢᠯᠡ᠃ ᠭᠠᠭᠴᠠ ᠲᠠ ᠴᠦ᠍ ᠪᠢᠰᠢ᠂ ᠪᠠᠰᠠ ᠵᠠᠷᠢᠮ ᠨᠢᠭᠡᠨ ᠲᠣᠮᠣᠭᠠᠲᠠᠢ ᠭᠡᠳᠡᠭ ᠤᠯᠤᠰ ᠲᠣᠮᠣᠭ᠎ᠠ ᠦᠭᠡᠢ ᠪᠠᠢᠳᠠᠯ ᠭᠠᠷᠭᠠᠭᠠᠳ᠂ ᠲᠡᠳᠡᠨ ᠦ᠌ ᠠᠮᠠ ᠶ᠋ᠢ ᠢᠲᠡᠭᠡᠵᠦ ᠪᠣᠯᠬᠤ ᠦᠭᠡᠢ ᠪᠣᠯᠴᠢᠵᠠᠢ( ᠪᠣᠯᠴᠢᠬᠠᠵᠠᠢ) ᠬᠡᠮᠡᠪᠡᠰᠦ᠂
— ᠮᠠᠯ ᠤ᠋ᠨ ᠲᠣᠭ᠎ᠠ ᠶ᠋ᠢ ᠡᠷᠲᠡ ᠪᠠᠯᠠᠷ ᠴᠠᠭ ᠠ᠋ᠴᠠ ᠨᠠᠭᠠᠰᠢ ᠳᠠᠷᠤᠭᠰᠠᠭᠠᠷ ᠢᠷᠡᠭᠰᠡᠨ ᠢ᠋ ᠴᠢ ᠮᠡᠳᠡᠬᠦ ᠦᠭᠡᠢ ᠠᠮᠢᠲᠠᠨ ᠤᠤ? ᠭᠡᠬᠦ ᠳ᠋ᠦ᠍ᠨᠢ( ᠳ᠋ᠦ᠍ ᠨᠢ)᠂
— ᠲᠡᠷᠡ ᠪᠣᠯ ᠡᠵᠡᠷᠬᠡᠭ ᠦᠶ᠎ᠡ ᠶ᠋ᠢᠨ ᠪᠠᠢᠳᠠᠯ᠂ ᠣᠳᠣ ᠪᠢᠳᠡ ᠠᠷᠠᠳ ᠤ᠋ᠨ ᠢ᠋ᠶ᠋ᠠᠨ ᠵᠠᠰᠠᠭ ᠠ᠋ᠴᠠ ᠥᠨᠥᠴᠢᠨ ᠢᠰᠢᠭᠡ ᠶ᠋ᠢ ᠴᠦ᠍ ᠨᠢᠭᠤᠨ ᠳᠠᠷᠤᠬᠤ ᠶᠣᠰᠣ ᠦᠭᠡᠢ ᠭᠡᠵᠦ ᠴᠢᠯᠠᠭᠤᠨ ᠤ᠋ ᠬᠡᠯᠡᠵᠦ ᠪᠠᠷᠠᠮᠠᠭᠴᠠ᠂
— ᠠ᠂ ᠲᠡᠢᠮᠦ ᠪᠣᠢ? ᠵᠠ ᠲᠡᠭᠡᠪᠡᠯ᠂ ᠮᠢᠨᠦ ᠳᠣᠲᠣᠷ᠎ᠠ ᠪᠠᠨ ᠨᠢᠭᠤᠨ ᠳᠠᠷᠤᠵᠤ ᠶᠠᠪᠤᠭᠰᠠᠨ ᠬᠣᠷᠣᠰᠤᠯ ᠢ᠋ ᠮᠢᠨᠢ ᠠᠪ᠂ ᠮᠠᠢ! ᠭᠡᠳ ᠬᠠᠷ᠎ᠠ ᠬᠦᠷᠡᠩ ᠰᠤᠮᠤᠨ ᠮᠣᠳᠣᠨ ᠬᠦᠨᠳᠦ ᠭᠡᠭᠴᠢ ᠶ᠋ᠢᠨ ᠲᠠᠰᠢᠭᠤᠷ ᠢ᠋ ᠴᠢᠯᠠᠭᠤᠨ ᠤ᠋ ᠮᠠᠯᠠᠭᠠᠢ ᠳᠡᠭᠡᠷ᠎ᠡ ᠲᠦᠰᠬᠢᠲᠡᠯ᠎ᠡ ᠪᠠᠭᠤᠯᠭᠠᠴᠢᠪᠠ᠃
ᠴᠢᠯᠠᠭᠤᠨ ᠤ᠋ ᠨᠢᠭᠤᠷ ᠤᠯᠠᠭᠠᠨ ᠨᠡᠯᠦᠢ ᠪᠣᠯᠵᠤ ᠲᠡᠮᠡᠭᠡᠨ ᠳᠡᠭᠡᠷ᠎ᠡ ᠡᠴᠡ ᠪᠡᠨ ᠳᠣᠭᠣᠭᠰᠢ ᠰᠢᠷᠭᠤᠨ ᠣᠢᠴᠢᠬᠤᠶᠠ᠂ ᠯᠣᠳᠣᠢ ᠪᠦᠳᠦᠭᠦᠨ ᠰᠤᠮᠤᠨ ᠲᠠᠰᠢᠭᠤᠷ ᠢ᠋ᠶ᠋ᠠᠨ ᠳᠠᠬᠢᠨ ᠳᠠᠯᠠᠢᠵᠤ ᠬᠦᠵᠦᠭᠦᠨ ᠦ᠌ ᠶᠠᠰᠤ ᠲᠡᠰᠬᠢᠵᠦ ᠬᠤᠭᠤᠷᠠᠲᠠᠯ᠎ᠠ ᠰᠢᠯᠢᠨ ᠬᠦᠵᠦᠭᠦᠨ ᠳᠡᠭᠡᠷ᠎ᠡ ᠨᠢ ᠲᠡᠩᠬᠡᠭᠡ ᠮᠡᠳᠡᠨ ᠪᠠᠭᠤᠯᠭᠠᠯ᠎ᠠ᠃ ᠤᠷᠢᠳᠤ᠂ ᠢᠳᠡᠷ ᠵᠠᠯᠠᠭᠤ ᠳ᠋ᠠᠭᠠᠨ ᠴᠢᠨᠣ᠎ᠠ ᠠᠪᠠᠯᠠᠬᠤ ᠦᠶᠡᠰ᠂ ᠮᠣᠷᠢᠨ ᠤ᠋ ᠬᠠᠷ᠎ᠠ ᠬᠤᠷᠳᠤ ᠪᠠᠷ ᠳᠠᠪᠬᠢᠵᠤ ᠪᠣᠣᠬᠠᠢ ᠶ᠋ᠢ ᠭᠦᠢᠴᠡᠭᠡᠳ᠂ ᠦᠶ᠎ᠡ ᠶᠠᠰᠤ ᠶ᠋ᠢ ᠨᠢ ᠰᠠᠢ᠍ᠢ (ᠰᠠᠶᠢ) ᠶ᠋ᠢᠨ ᠬᠢ ᠰᠢᠭ ᠰᠢᠷᠵᠢᠭᠢᠨᠡᠲᠡᠯᠡ ᠤᠭᠤᠴᠠ ᠨᠢᠷᠤᠭᠤᠨ ᠳᠡᠭᠡᠷ᠎ᠡ ᠨᠢ ᠪᠠᠭᠤᠯᠭᠠᠳᠠᠭ ᠪᠠᠢᠵᠤ ᠪᠢᠯᠡ᠃
ᠴᠢᠯᠠᠭᠤᠨ ᠲᠦᠷᠦᠭᠦᠯᠡ ᠪᠡᠨ ᠣᠢᠴᠢᠭᠠᠳ᠂ ᠲᠣᠯᠣᠭᠠᠢ ᠶ᠋ᠢᠨ ᠳᠣᠣᠷᠠᠬᠢ ᠴᠠᠰᠤᠨ ᠳ᠋ᠤ᠌ ᠭᠱᠠᠨ ᠵᠠᠭᠤᠷ᠎ᠠ ᠴᠢᠰᠤ ᠪᠢᠯᠳᠠᠪᠠ᠃ ᠠᠮᠢ ᠲᠡᠮᠡᠴᠡᠨ ᠦᠬᠦᠵᠦ ᠪᠠᠢᠭ᠎ᠠ ᠲᠡᠷᠡ ᠵᠠᠯᠠᠭᠤ ᠬᠦᠦ ᠶ᠋ᠢᠨ ᠬᠤᠷᠤᠭᠤ ᠪᠠᠷ ᠢ᠋ᠶ᠋ᠠᠨ ᠴᠠᠰᠤ ᠰᠡᠷ ᠰᠡᠷ ᠮᠠᠭᠠᠵᠢᠯᠠᠵᠤ ᠪᠠᠢᠭ᠎ᠠ ᠶ᠋ᠢ ᠬᠠᠷᠠᠭᠠᠳ᠂ ᠯᠣ ᠪᠠᠶᠠᠨ ᠪᠠᠢᠰᠠ《ᠣᠮ ᠮᠠᠨᠢ ᠪᠠᠳ ᠮᠠᠢ ᠬᠣᠮ》 ᠭᠡᠵᠦ ᠮᠠᠨᠢ ᠠᠮᠠᠨ ᠳᠣᠲᠣᠷ᠎ᠠ ᠪᠠᠨ ᠰᠢᠪᠡᠨᠡᠨ ᠤᠩᠰᠢᠭᠠᠳ᠂ ᠭᠡᠨᠡᠳᠲᠡ ᠬᠣᠯᠠ ᠠ᠋ᠴᠠ ᠬᠥᠮᠦᠨ ᠦ᠌ ᠬᠠᠰᠬᠢᠷᠬᠤ ᠴᠢᠮᠡᠭᠡ ᠰᠣᠨᠣᠰᠳᠠᠬᠤ ᠰᠢᠭ᠋ ᠪᠣᠯᠤᠭᠰᠠᠨ ᠳ᠋ᠤ᠌ ᠰᠡᠩᠳᠡᠨ ᠮᠡᠩᠳᠡᠨ ᠡᠷᠭᠢᠵᠦ ᠬᠠᠷᠠᠪᠠᠰᠤ᠂ ᠬᠣᠶᠠᠷ ᠲᠡᠮᠡᠭᠡ ᠲᠡᠢ ᠬᠥᠮᠦᠨ ᠬᠠᠰᠬᠢᠷᠤᠨ ᠳᠠᠯᠠᠯᠤᠨ᠂ ᠲᠡᠮᠡᠭᠡ ᠪᠡᠨ ᠭᠤᠶᠠᠳᠠᠨ ᠠᠢᠰᠤᠢ ᠠᠵᠢ᠃
ᠬᠠᠷᠠᠵᠤ ᠣᠷᠬᠢᠪᠠ ᠤᠤ ᠳᠠ? ᠭᠡᠵᠦ ᠪᠣᠳᠣᠭᠠᠳ᠂ ᠬᠤᠷᠳᠤᠨ ᠲᠡᠮᠡᠭᠡᠨ ᠦ᠌ ᠪᠡᠨ ᠪᠤᠷᠠᠨᠲᠠᠭ ᠢ᠋ ᠵᠠᠯᠠᠵᠤ᠂ ᠲᠠᠰᠢᠭᠤᠷ ᠢ᠋ᠶ᠋ᠠᠨ ᠲᠡᠰᠬᠢᠲᠡᠯᠡ ᠭᠤᠶᠠᠨ ᠳ᠋ᠤᠨᠢ( ᠳ᠋ᠤ᠌ ᠨᠢ)ᠲᠤᠰᠢᠶᠠᠭᠠᠳ᠂ ᠥᠨᠥᠬᠢ ᠬᠣᠶᠠᠷ ᠬᠥᠮᠦᠨ ᠦ᠌ ᠵᠣᠭᠰᠣ᠂ ᠵᠣᠭᠰᠣ! ᠭᠡᠵᠦ ᠬᠠᠰᠬᠢᠷᠬᠤ ᠲᠣᠰᠤᠮ ᠤᠯᠠᠮ ᠰᠠᠨᠳᠤᠷᠤᠨ ᠲᠡᠪᠡᠳᠡᠵᠦ᠂ ᠬᠠᠷ᠎ᠠ ᠬᠤᠷᠳᠤ ᠪᠠᠷ ᠢ᠋ᠶ᠋ᠠᠨ ᠵᠢᠭᠤᠲᠠᠵᠠᠢ᠃
* ᠧᠦ᠋ᠷᠣᠫᠠ ᠶ᠋ᠢᠨ ᠬᠡᠯᠡ ᠪᠡᠷ ᠮᠧᠲ᠋ᠠᠹᠢᠽᠢᠺ ᠭᠡᠳᠡᠭ ᠢ᠋ ᠮᠣᠩᠭᠣᠯ ᠢ᠋ᠶ᠋ᠠᠷ ᠠᠪᠢᠳ᠋ᠠᠷᠮᠠ ᠭᠡᠵᠦ ᠦᠢ ᠣᠯᠠᠨ ᠯᠠᠮᠠ ᠨᠠᠷ᠂ ᠲᠡᠭᠦᠨ ᠢ᠋ ᠰᠤᠳᠤᠯᠤᠨ ᠦᠵᠡᠳᠡᠭ ᠪᠠᠢᠵᠠᠢ᠃ * ᠪᠠᠳᠠᠷᠠᠭᠤᠯᠲᠤ ᠲᠥᠷᠥ ᠶ᠋ᠢᠨ ᠠᠷᠪᠠᠨ ᠵᠢᠷᠭᠤᠳᠤᠭᠠᠷ ᠣᠨ ᠳ᠋ᠤ᠌ ᠪᠣᠭᠳᠠ ᠶ᠋ᠢ ᠱᠠᠯᠢᠭ ᠰᠠᠮᠠᠭᠤᠨ ᠶᠠᠪᠤᠳᠠᠯ ᠲᠠᠢ ᠭᠡᠵᠦ ᠣᠯᠠᠨ ᠤ᠋ ᠰᠢᠭᠦᠮᠵᠢᠯᠡᠭᠰᠡᠨ ᠳ᠋ᠦ᠍ ᠬᠠᠷᠢᠭᠤᠯᠤᠨ ᠨᠡᠢᠲᠡᠯᠡᠭᠰᠡᠨ ᠪᠣᠭᠳᠠ ᠶ᠋ᠢᠨ ᠯᠦᠨᠳᠦᠩ ᠡᠴᠡ ᠡᠨᠳᠡ ᠡᠭᠦᠨ ᠢ᠋ ᠡᠰᠢ ᠲᠠᠲᠠᠪᠠ᠃
* ᠡᠯ ᠴᠢᠯ ᠦᠭᠡᠢ ᠴᠦᠯ ᠭᠠᠵᠠᠷ᠂ ᠭᠡᠨᠡᠳᠲᠡ ᠬᠣᠲᠠ ᠪᠠᠯᠭᠠᠰᠤ᠂ ᠨᠠᠭᠤᠷ ᠴᠥᠭᠥᠷᠥᠮ ᠮᠠᠨᠳᠤᠭᠰᠠᠨ ᠦᠵᠡᠭᠳᠡᠳᠡᠭ ᠪᠠᠢᠭᠠᠯᠢ ᠶ᠋ᠢᠨ ᠦᠵᠡᠭᠳᠡᠯ ᠢ᠋ ᠭᠠᠩᠳᠠᠷᠢᠰ ᠤ᠋ᠨ ᠪᠠᠯᠭᠠᠰᠤ ᠭᠡᠵᠦ ᠨᠡᠷᠡᠯᠡᠳᠡᠭ ᠡᠭᠦᠨ ᠳ᠋ᠦ᠍᠂ ᠲᠡᠭᠦᠨ ᠲᠡᠢ ᠠᠳᠠᠯᠢ ᠬᠣᠭᠣᠰᠣᠨ ᠭᠣᠷᠢᠳᠠᠯ ᠢ᠋ ᠥᠭᠦᠯᠡᠵᠡᠢ᠃
* ᠬᠦᠷᠵᠢ ᠳ᠋ᠡᠬᠢ ᠣᠰᠧᠲ᠋ ᠦᠨᠳᠦᠰᠦᠲᠡᠨ ᠦ᠌ ᠪᠠᠭᠠᠲᠤᠷ ᠤ᠋ᠨ ᠲᠤᠤᠯᠢᠰ᠃
ᠦᠰᠦᠭ ᠠᠮᠢᠯᠠᠭᠤᠯᠤᠭᠴᠢ᠄ ᠤᠢᠭᠤᠷᠵᠢᠨ·ᠣᠳᠬᠣᠨᠪᠠᠪᠠ᠂ ᠣᠶᠤᠨᠪᠠᠲᠤ᠂ ᠪᠠᠳᠮᠠᠰᠡᠴᠡᠨ᠂ ᠡᠷᠳᠡᠮᠲᠦ᠂ ᠪᠠᠯ᠂
ᠮᠧᠢ ᠬᠤᠸᠠ᠂ ᠰᠠᠷᠠᠨᠲᠤᠶᠠᠭ᠎ᠠ
ᠬᠢᠨᠠᠭᠴᠢ᠄ ᠣᠳᠬᠣᠨᠴᠡᠴᠡᠭ᠂ ᠮᠥᠩᠭᠦᠡᠭᠤᠸ᠎ᠠ᠂ ᠲ ·ᠬᠦᠮᠦᠵᠢᠯᠲᠦ᠂ ᠮᠧᠢ ᠬᠤᠸᠠ᠂ ᠪᠠᠯ
ᠤᠩᠰᠢᠭᠴᠢ᠄ ᠨᠠᠰᠤᠨ᠌ᠦ᠌ᠯᠵᠡᠢ
