ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠲᠠᠪᠤ> Хан мунын сүүрс < доорд > – Мөнх зохиоов ᠂Дөдгөөр бодь – Нэгдүгээр бүлэг <5>
ᠲᠦᠲᠦᠭᠡᠷ ᠪᠣᠲᠢ – ᠨᠢᠭᠡᠳᠦᠭᠡᠷ ᠪᠦᠯᠦᠭ <ᠲᠠᠪᠤ>
ᠲᠠᠪᠤ
ᠤᠷᠠᠳ ᠨᠤᠲᠤᠭ ᠤ᠋ᠨ ᠡᠪᠦᠯ ᠰᠦᠷᠡᠬᠡᠢ ᠬᠠᠬᠢᠷ ᠴᠡᠪᠳᠡᠭ ᠪᠣᠯᠪᠠᠴᠤ ᠦᠭᠦᠴᠡ ᠢᠳᠡᠰᠢ ᠪᠡᠨ ᠪᠠᠭᠤᠯᠭᠠᠭᠰᠠᠨ ᠠᠢᠯ ᠤ᠋ᠨ ᠬᠠᠶᠠᠭ᠎ᠠ ᠨᠦᠮᠵᠦᠭ ᠲᠠᠷᠭᠤᠨ᠂ ᠠᠭᠠᠷᠤᠨ ᠬᠣᠵᠤᠤᠯ᠎ᠠ ᠪᠠ ᠰᠢᠷ᠎ᠠ ᠬᠠᠢᠯᠠᠰᠤᠨ ᠤ᠋ ᠴᠤᠯᠭᠤᠢ ᠦᠨᠦᠷ ᠲᠦ᠍ ᠱᠥᠯᠥ ᠲᠣᠰᠣᠨ ᠤ᠋ ᠬᠠᠨᠳᠠ ᠦᠨᠦᠷ ᠨᠠᠢᠷᠠᠮᠵᠢ ᠲᠠᠢ ᠨᠡᠢᠯᠡᠵᠦ ᠡᠲᠡᠭᠡᠳ ᠬᠠᠩᠬᠤᠯᠤᠭᠤᠨ ᠳᠤᠯᠠᠭᠠᠨ ᠠᠵᠢ᠃ ᠰᠤᠪᠤᠷᠭᠠᠨ ᠣᠷᠣᠢ ᠲᠠᠢ ᠱᠣᠪᠣᠭᠣᠷ ᠱᠣᠪᠣᠭᠣᠷ ᠠᠷᠴᠠ ᠮᠣᠳᠣᠳ ᠴᠠᠰᠤᠨ ᠳ᠋ᠤ᠌ ᠬᠤᠴᠢᠭᠳᠠᠵᠤ ᠭᠡᠨᠡᠠᠳᠲᠠ ᠬᠠᠷᠠᠬᠤᠯ᠎ᠠ ᠴᠠᠭᠠᠨ ᠬᠤᠷᠠᠭᠠᠨ ᠮᠠᠯᠠᠭᠠᠢ ᠲᠠᠢ ᠬᠡᠦᠬᠡᠨ ᠰᠢᠭ ᠮᠢᠰᠢᠶᠡᠩᠬᠡᠨ ᠨᠠᠢᠭᠤᠬᠤ ᠮᠡᠲᠦ᠃
ᠡᠨᠡ ᠡᠳᠦᠷ ᠲᠡᠭᠷᠢ ᠶ᠋ᠢᠨ ᠴᠢᠷᠠᠢ ᠨᠡᠳᠦᠢᠨ ᠪᠠᠷᠤᠢᠵᠤ ᠡᠭᠦᠯᠡ ᠠᠭᠤᠯᠠ ᠶ᠋ᠢᠨ ᠲᠤᠯᠤᠭᠠᠳ ᠢ᠋ ᠪᠣᠭᠣᠭᠠᠳ ᠦᠳᠡ ᠬᠡᠯᠪᠡᠢᠪᠡ ᠤᠣ ᠦᠭᠡᠢ ᠤᠤ ᠬᠣᠢᠨ᠎ᠠ ᠠ᠋ᠴᠠ ᠪᠤᠳᠠᠭᠠᠨ ᠴᠠᠰᠤ ᠬᠠᠶᠠᠯᠠᠪᠠ᠃
ᠡᠨᠡ ᠬᠦ᠌ ᠪᠤᠳᠠᠩ ᠲᠠᠢ ᠡᠳᠦᠷ ᠦ᠋ᠨ ᠪᠤᠳᠠᠭᠠᠨ ᠴᠠᠰᠤ ᠨᠥᠮᠥᠷᠦᠭᠰᠡᠭᠡᠷ ᠬᠡᠳᠦᠨ ᠪᠠᠷᠠᠭᠠᠨ ᠮᠣᠷᠢ ᠲᠠᠢ ᠬᠥᠮᠦᠨ ᠡᠯᠳᠡᠩᠭᠡ ᠶ᠋ᠢᠨ ᠤᠶᠠᠭᠠᠨ ᠳᠡᠭᠡᠷ᠎ᠡ ᠪᠠᠭᠤᠪᠠ᠃ ᠢᠷᠡᠭᠰᠡᠨ ᠬᠥᠮᠦᠰ ᠪᠣᠯ ᠮᠠᠨᠤᠨᠪᠠᠳᠮ᠎ᠠ ᠬᠥᠭᠰᠢᠨ᠂ ᠬᠦᠦ ᠨᠢ ᠴᠤᠬᠠᠪᠠᠭᠠᠲᠤᠷ᠂ ᠬᠥᠩᠬᠥᠷ ᠵᠠᠮᠪᠠᠯ᠂ ᠰᠣᠯᠣᠭᠠᠢ ᠨᠠᠮᠵᠢᠯ ᠵᠡᠷᠭᠡ ᠪᠠᠢᠯ᠎ᠠ ᠁
— ᠲᠠ ᠰᠠᠢᠨ ᠪᠠᠢᠨ᠎ᠠ ᠦᠤ ? ᠰᠠᠢᠬᠠᠨ ᠥᠶᠥᠭ ᠡᠪᠦᠯᠵᠢᠵᠦ ᠪᠠᠢᠨ᠎ᠠ ᠦᠤ ? ᠭᠡᠵᠦ ᠮᠠᠨᠤᠨᠪᠡᠳᠮᠡ ᠰᠥᠬᠥᠷᠡᠩᠬᠡᠨ ᠮᠡᠨᠳᠦ ᠪᠠᠷᠢᠪᠠᠯ ᠡᠯᠳᠡᠩᠭᠡ ᠰᠠᠨᠳᠤᠷᠴᠤ ᠲᠡᠭᠦᠨ ᠢ ᠳᠥᠰᠢᠨ᠄
— ᠰᠠᠢᠨ᠂ ᠰᠠᠢᠨ ! ᠲᠠ ᠨᠠᠷ ᠠᠶᠠᠨ ᠵᠠᠮ ᠳ᠋ᠠᠭᠠᠨ ᠮᠡᠨᠳᠦ ᠰᠠᠢᠨ ᠶᠠᠪᠤᠵᠤ ᠢᠷᠡᠪᠡ ᠤᠤ ? ᠭᠡᠯᠡ᠃
— ᠶᠠᠭᠠᠬᠢᠬᠤ ᠪᠣᠢ᠂ ᠶᠠᠭᠠᠬᠢᠬᠤ ᠪᠣᠢ! ᠳᠠᠩ ᠳ᠋ᠤᠩ ᠲᠠᠢ ᠶᠠᠪᠤᠭ᠎ᠠ ᠁
— ᠵᠠᠮ ᠳ᠋ᠠᠭᠠᠨ ᠵᠦᠳᠡᠷᠡᠪᠡ ᠤᠤ ? ᠭᠠᠢᠭᠤᠢ᠂ ᠭᠠᠢᠭᠤᠢ ! ᠭᠡᠵᠦ ᠮᠣᠩᠭᠣᠯ ᠶᠣᠰᠣ ᠪᠠᠷ ᠮᠡᠨᠳᠦ ᠰᠠᠢᠨ ᠢ᠋ᠶ᠋ᠠᠨ ᠠᠰᠠᠭᠤᠯᠴᠠᠵᠤ᠂ ᠮᠠᠯᠠᠭᠠᠢ᠂ ᠲᠡᠷᠯᠢᠭ ᠦ᠋ᠨ ᠮᠥᠷᠦᠨ ᠳᠡᠭᠡᠷᠡᠬᠢ ᠴᠠᠰᠤ ᠪᠠᠨ ᠭᠦᠪᠢᠵᠦ᠂ ᠬᠥᠯ ᠢ᠋ᠶ᠋ᠡᠨ ᠳᠡᠪᠰᠡᠨ ᠭᠤᠲᠤᠯ ᠤ᠋ᠨ ᠤᠯᠠ ᠳ᠋ᠤ᠌ ᠨᠠᠭᠠᠯᠳᠤᠭᠰᠠᠨ ᠴᠠᠰᠤ ᠯᠠᠭ ᠢ᠋ᠶ᠋ᠠᠨ ᠴᠡᠪᠡᠷᠯᠡᠬᠦᠢᠴᠡ ᠪᠣᠯᠤᠭᠠᠳ ᠭᠡᠷ ᠲᠦ᠍ ᠣᠷᠣᠵᠠᠭᠠᠪᠠ᠃
ᠡᠯᠳᠡᠩᠭᠡ ᠶ᠋ᠢᠨ ᠠᠵᠢᠭᠴᠢ ᠨᠢᠳᠦ ᠮᠠᠨᠤᠨᠪᠠᠳᠮᠡ ᠶ᠋ᠢᠨ ᠴᠢᠷᠠᠢ ᠨᠢ ᠥᠭᠡᠳᠡ ᠦᠭᠡᠢ᠂ ᠭᠡᠷᠡᠯ ᠨᠢ ᠬᠠᠷᠢᠭ᠎ᠠ ᠨᠢᠳᠦᠨ ᠦ᠌ ᠬᠢᠨᠢ ᠬᠠᠷᠠᠴᠠᠨ ᠳ᠋ᠤ᠌ ᠶᠠᠮᠠᠷ ᠨᠢᠭᠡᠨ ᠭᠣᠮᠣᠳᠠᠯ ᠬᠠᠷᠠᠰᠠᠯ ᠨᠢᠭᠤᠭᠳᠠᠨ ᠪᠠᠢᠭ᠎ᠠ ᠶ᠋ᠢ ᠣᠯᠵᠤ ᠬᠠᠷᠠᠭᠰᠠᠨ ᠳ᠋ᠠᠭᠠᠨ 《ᠢᠷᠡᠭᠰᠡᠨ ᠬᠥᠮᠦᠨ ᠤᠴᠢᠷ ᠲᠠᠢ᠂ ᠢᠨᠢᠶᠡᠭᠰᠡᠨ ᠬᠥᠮᠦᠨ ᠬᠡᠮ ᠲᠡᠢ》 ᠭᠡᠳᠡᠭ ᠢ᠋ᠶ᠋ᠡᠷ ᠵᠠᠯᠠᠭᠠᠳ ᠣᠯᠳᠠᠳᠠᠭ ᠦᠭᠡᠢ ᠵᠣᠴᠢᠨ ᠵᠠᠮ ᠢ᠋ᠶ᠋ᠠᠷ ᠢ᠋ᠶ᠋ᠠᠨ ᠵᠠᠯᠠᠷᠠᠭᠠᠳ ᠢᠷᠡᠳᠡᠭ ᠨᠢ ᠯᠠᠪ ᠯᠠ ᠨᠢᠭᠡ ᠴᠢᠬᠤᠯᠠ ᠤᠴᠢᠷ ᠪᠣᠢ ᠭᠡᠵᠦ ᠪᠣᠳᠣᠨ ᠭᠡᠷ ᠦ᠋ᠨ ᠵᠠᠷᠤᠴᠠ ᠬᠥᠮᠦᠰ ᠲᠡᠭᠡᠨ《ᠲᠠ ᠨᠠᠷ ᠪᠤᠰᠢᠭᠤᠬᠠᠨ ᠴᠠᠢ ᠴᠤᠤ ᠠᠶᠠᠭᠠᠯᠠᠨ᠂ ᠪᠤᠳᠠᠭ᠎ᠠ ᠲᠠᠷᠢᠶ᠎ᠠ ᠪᠡᠯᠡᠳᠭᠡ》 ᠭᠡᠵᠦ ᠵᠠᠬᠢᠬᠤ ᠶ᠋ᠢᠨ ᠳᠠᠭᠠᠤ ᠭᠠᠯ ᠲᠣᠭᠣᠭᠠᠨ ᠤ᠋ ᠬᠥᠮᠦᠨ ᠳ᠋ᠡᠭᠡᠨ《ᠣᠷᠣᠢ ᠨᠠᠢᠷ ᠲᠠᠯᠪᠢᠨ᠎ᠠ᠂ ᠤᠭᠤᠴᠠ ᠪᠣᠷᠣᠯᠠᠭᠤᠯᠵᠤ ᠪᠠᠢᠭᠠᠷᠠᠢ》 ᠭᠡᠴᠢᠬᠡᠭᠡᠳ ᠬᠤᠯᠤᠰᠤᠲᠠᠢ ᠤᠷᠤᠭᠤ ᠬᠥᠮᠦᠨ ᠭᠦᠶᠦᠯᠭᠡᠵᠦ ᠵᠤᠳᠪᠠ ᠶ᠋ᠢ ᠳᠠᠭᠤᠳᠠᠭᠤᠯᠪᠠ᠃
ᠮᠠᠨᠤᠨᠪᠠᠳᠮᠡ ᠬᠥᠭᠰᠢᠨ ᠬᠣᠰᠢᠭᠤ ᠶᠠᠮᠤᠨ ᠤ᠋ ᠪᠣᠱᠣᠭ᠎ᠠ ᠶ᠋ᠢ ᠠᠯᠬᠤᠨ ᠪᠠᠭ᠎ᠠ ᠬᠠᠲᠤᠨ ᠲᠠᠢ ᠠᠭᠤᠯᠵᠠᠷ᠎ᠠ ᠣᠴᠢᠭᠠᠳ ᠰᠠᠨᠠᠭᠠᠨ ᠳ᠋ᠠᠭᠠᠨ ᠬᠦᠷᠦᠭᠰᠡᠨ ᠦᠭᠡᠢ ᠳ᠋ᠡᠭᠡᠨ ᠤᠴᠠᠭᠠᠷ ᠭᠣᠮᠣᠳᠠᠯ ᠭᠠᠨᠵᠤᠭᠠᠯᠠᠵᠤ ᠶᠠᠪᠤᠭ᠎ᠠ ᠨᠢ ᠡᠨᠡ ᠪᠠᠢᠵᠠᠢ᠃
ᠤᠤᠯ ᠨᠢ ᠪᠠᠭ᠎ᠠ ᠬᠠᠲᠤᠨ ᠰᠧᠯᠢᠩ ᠮᠠᠨᠤᠨᠪᠡᠳᠮᠠ ᠶ᠋ᠢᠨ ᠠᠮᠠ ᠶ᠋ᠢ ᠪᠥᠭᠯᠡᠨ ᠰᠠᠨᠠᠭ᠎ᠠ ᠶ᠋ᠢ ᠨᠢ ᠬᠠᠭᠤᠷᠴᠤ 《ᠠᠭᠠᠵᠢᠮ ᠳ᠋ᠠᠭᠠᠨ ᠪᠣᠯᠤᠶ᠎ᠠ ᠪᠢᠲᠡᠭᠡᠢ ᠰᠠᠨᠳᠤᠷ!》 ᠭᠡᠳ ᠶᠠᠪᠤᠳᠠᠯ ᠤᠴᠢᠷ ᠣᠷᠣᠭᠰᠢ ᠦᠭᠡᠢ ᠪᠠᠢᠭ᠎ᠠ ᠳ᠋ᠤ᠌ ᠨᠢᠭᠡ ᠲᠠᠯ᠎ᠠ ᠪᠠᠷ ᠬᠦᠦ ᠴᠣᠭᠪᠠᠭᠠᠲᠤᠷ ᠤ᠋ᠨ ᠢ᠋ᠶ᠋ᠠᠨ ᠭᠤᠩᠰᠢᠯᠲᠠ ᠶ᠋ᠢ ᠬᠦᠯᠢᠴᠡᠵᠦ ᠴᠢᠳᠠᠬᠤ ᠦᠭᠡᠢ᠂ ᠪᠠᠭ᠎ᠠ ᠬᠠᠲᠤᠨ ᠳ᠋ᠤ᠌ ᠪᠡᠯᠡᠭ ᠪᠠᠷᠢᠴᠠ ᠡᠷᠭᠦᠬᠦ ᠦᠭᠡᠢ ᠪᠣᠯ 《ᠪᠤᠷᠬᠠᠨ ᠰᠡᠳᠬᠢᠯ》ᠢ᠋ᠶ᠋ᠡᠨ ᠪᠠᠭᠤᠯᠭᠠᠬᠤ ᠦᠭᠡᠢ ᠶᠦ᠍ᠮ ᠪᠠᠢᠨ᠎ᠠ ᠭᠡᠵᠦ ᠲᠠᠪᠢᠨ ᠯᠠᠩ ᠤ᠋ᠨ ᠶᠤᠸᠠᠮᠪᠤᠤ᠂ ᠡᠳᠦᠢ ᠲᠡᠳᠦᠢ ᠴᠠᠭᠠᠨ ᠵᠣᠭᠣᠰ᠂ ᠲᠦᠭᠦᠬᠡᠢ ᠬᠠᠷ᠎ᠠ ᠲᠠᠮᠠᠬᠢ᠂ ᠬᠣᠶᠠᠷ ᠰᠠᠢᠨ ᠵᠢᠷᠣᠭ᠎ᠠ ᠮᠣᠷᠢ᠂ ᠲᠤᠭᠤᠯ ᠲᠠᠢ ᠦᠨᠢᠶ᠎ᠡ᠂ ᠪᠠᠰᠠ ᠲᠦᠰᠢᠯᠭᠡ ᠶ᠋ᠢᠨ ᠬᠡᠪᠢᠰ᠂ ᠬᠤᠪᠴᠠᠰᠤᠨ ᠤ᠋ ᠪᠥᠰ ᠲᠣᠷᠭ᠎ᠠ᠂ ᠪᠤᠭᠤᠲᠤ ᠶ᠋ᠢᠨ ᠨᠠᠷᠢᠨ ᠪᠣᠭᠣᠷᠰᠣᠭ᠂ ᠬᠡᠪ ᠦ᠋ᠨ ᠴᠠᠢ ᠵᠡᠷᠭᠡ ᠠᠮᠲᠠᠲᠤ ᠢᠳᠡᠭᠡᠨ ᠦ᠌ ᠵᠦᠢᠯ ᠠᠪᠴᠤ ᠬᠦᠩ ᠦ᠋ᠨ ᠶᠠᠮᠤᠨ ᠤ᠋ ᠡᠭᠦᠳᠡ ᠪᠡᠷ ᠵᠣᠷᠢᠭᠲᠠᠢᠬᠠᠨ ᠣᠷᠣᠵᠤ ᠣᠴᠢᠨ ᠲᠡᠭᠦᠨ ᠳ᠋ᠦ᠍ ᠠᠪᠠᠴᠢᠭᠰᠠᠨ ᠪᠡᠯᠡᠭ ᠢ᠋ᠶ᠋ᠡᠨ ᠬᠦᠷᠭᠡᠪᠡ᠃
ᠢᠩᠭᠢᠳᠡᠭ ᠦ᠋ᠨ ᠵᠣᠷᠢᠯᠭ᠎ᠠ ᠨᠢ ᠭᠠᠭᠴᠠᠬᠠᠨ᠂ ᠪᠠᠭ᠎ᠠ ᠬᠠᠲᠤᠨ ᠰᠧᠯᠢᠩ ᠦ᠋ᠨ ᠪᠡᠶ᠎ᠡ ᠰᠡᠳᠬᠢᠯ ᠢ᠋ ᠲᠣᠬᠣᠨᠢᠭᠤᠯᠬᠤ ᠶ᠋ᠢᠨ ᠬᠠᠮᠲᠤ ᠴᠠᠭᠠᠨ ᠰᠠᠷ᠎ᠠ ᠶ᠋ᠢᠨ ᠴᠠᠭᠠᠯᠠᠬᠤ ᠡᠳ᠋ ᠪᠠᠷᠠᠭ᠎ᠠ ᠶ᠋ᠢ ᠥᠩᠭᠡᠯᠡᠨ ᠨᠡᠮᠡᠷᠢᠯᠡᠭᠰᠡᠨ ᠲᠡᠳᠦᠢ ᠭᠡᠵᠦ ᠨᠡᠷ᠎ᠡ ᠵᠢᠭᠠᠭᠠᠳ᠂ ᠪᠠᠭ᠎ᠠ ᠬᠠᠲᠤᠨ ᠤ᠋ ᠰᠠᠢᠷᠬᠠᠯ ᠢ᠋ ᠣᠯᠵᠤ᠂ ᠴᠣᠭᠪᠠᠭᠠᠲᠤᠷ ᠪᠣᠷᠣ ᠴᠡᠷᠢᠭ ᠲᠡᠢ ᠲᠤᠯᠤᠯᠳᠤᠬᠤ ᠠ᠋ᠴᠠ ᠡᠮᠢᠶᠡᠵᠦ ᠲᠡᠢᠨ ᠦ᠌ ᠲᠠᠯᠠᠪᠤᠷ ᠠ᠋ᠴᠠ ᠵᠢᠭᠤᠲᠠᠨ᠂ ᠵᠠᠮ ᠳ᠋ᠠᠭᠠᠨ ᠪᠠᠰᠠ ᠬᠠᠷ᠎ᠠ ᠴᠡᠷᠢᠭ ᠦ᠋ᠨ ᠫᠤᠤ ᠵᠡᠪᠰᠡᠭ ᠢ᠋ ᠮᠤᠰᠬᠢᠯᠡ ᠭᠡᠰᠡᠨ ᠬᠢᠯᠢᠰ ᠠᠨᠳᠠᠭᠤᠷᠠᠯ ᠢ᠋ ᠠᠯᠳᠠᠷᠠᠭᠠᠵᠤ᠂ ᠬᠥᠪᠡᠭᠦᠨ ᠢ᠋ ᠪᠡᠨ ᠴᠠᠭᠠᠳᠬᠠᠵᠤ᠂ ᠬᠥᠨᠳᠦᠯᠡᠨ ᠬᠡᠷᠡᠭᠯᠡᠬᠦ ᠪᠣᠯᠪᠠ ᠤᠤ ᠭᠡᠵᠦ ᠴᠢᠷᠠᠢᠴᠢᠯᠠᠨ ᠥᠴᠢᠪᠡ᠃ ᠡᠭᠦᠨ ᠦ᠌ ᠳᠠᠭᠠᠤ ᠳ᠋ᠠᠭᠠᠨ ᠴᠣᠭᠪᠠᠭᠠᠲᠤᠷ ᠴᠤ᠌ ᠭᠠᠪᠢᠶᠠᠲᠤ ᠡᠬᠡ ᠶ᠋ᠢᠨ ᠶᠡᠬᠡ ᠨᠥᠮᠥᠷᠢ ᠳ᠋ᠦ᠍ ᠪᠡᠷᠲᠡᠵᠦ ᠪᠠᠭ᠎ᠠ ᠬᠠᠲᠤᠨ ᠰᠧᠯᠢᠩ ᠳ᠋ᠦ᠍ ᠬᠡᠰᠢᠭᠲᠡᠢ ᠶ᠋ᠢᠨ ᠴᠡᠷᠢᠭ ᠪᠣᠷᠣ ᠴᠡᠷᠢᠭ ᠦ᠋ᠨ ᠡᠮᠦᠨ᠎ᠡ ᠡᠴᠡ ᠲᠤᠯᠵᠤ ᠪᠠᠢᠯᠳᠤᠭᠰᠠᠨ ᠦᠭᠡᠢ ᠮᠥᠷᠲᠡᠭᠡᠨ ᠲᠡᠢᠨ ᠦ᠌ ᠲᠠᠯᠠᠪᠤᠷ ᠠ᠋ᠴᠠ ᠤᠷᠭᠤᠵᠤ ᠠᠭᠤᠯᠠ ᠶ᠋ᠢᠨ ᠠᠷᠤ ᠪᠠᠷ ᠡᠢᠨ ᠲᠡᠢᠨ ᠬᠡᠷᠡᠭ ᠦᠢᠯᠡᠳᠴᠡᠢ ᠭᠡᠵᠦ ᠬᠡᠰᠢᠭᠲᠡᠢ ᠳ᠋ᠦ᠍ ᠶᠠᠯ᠎ᠠ ᠨᠥᠮᠥᠷᠭᠡᠨ ᠬᠡᠯᠡᠪᠡ ᠁
ᠴᠣᠭᠪᠠᠭᠠᠲᠤᠷ ᠪᠣᠳᠣᠭᠰᠠᠨ ᠰᠠᠨᠠᠭᠰᠠᠨ ᠢ᠋ᠶ᠋ᠠᠨ ᠨᠢᠭᠡ ᠯᠡ ᠠᠮᠢᠰᠬᠤᠭ᠎ᠠ ᠪᠠᠷ ᠭᠦᠪᠢᠴᠢᠬᠡᠭᠡᠳ ᠳᠣᠲᠣᠷ᠎ᠠ ᠨᠢ ᠠᠭᠤᠵᠢᠷᠠᠨ ᠰᠡᠭᠰᠡᠯᠵᠡᠵᠦ᠂ ᠪᠠᠭ᠎ᠠ ᠬᠠᠲᠤᠨ ᠰᠧᠯᠢᠩ ᠦ᠋ᠨ ᠠᠮᠠᠨ ᠠ᠋ᠴᠠ 《ᠤᠤᠬᠠᠢ ᠳᠠ᠂ ᠡᠨᠡ ᠰᠠᠶᠢ ᠬᠡᠯᠡᠭᠰᠡᠨ ᠳ᠋ᠡᠭᠡᠨ ᠬᠦᠷᠳᠡᠭ ᠡᠷ᠎ᠡ ᠬᠥᠮᠦᠨ ᠪᠠᠢᠨ᠎ᠠ᠃ ᠵᠠ᠂ ᠴᠢᠮ᠎ᠠ ᠳ᠋ᠤ᠌ ᠪᠠᠰᠠ ᠨᠢᠭᠡ ᠳᠡᠰ ᠵᠡᠷᠭᠡ ᠥᠰᠬᠡᠶᠡ !》ᠭᠡᠬᠦ ᠡᠨᠡᠷᠢᠭᠰᠡᠨ ᠦᠭᠡ ᠱᠠᠩᠨᠠᠬᠤ ᠶ᠋ᠢ ᠬᠦᠯᠢᠶᠡᠵᠦ ᠰᠠᠭᠤᠭᠰᠠᠨ ᠨᠢ ᠱᠠᠯ ᠪᠤᠷᠤᠭᠤ ᠪᠣᠳᠣᠵᠠᠢ᠃
ᠪᠠᠭ᠎ᠠ ᠬᠠᠲᠤᠨ ᠴᠣᠭᠪᠠᠭᠠᠲᠤᠷ ᠤ᠋ᠨ ᠠᠮᠠᠨ ᠠ᠋ᠴᠠ ᠠᠩᠴᠢᠨᠵᠠᠪ ᠢ᠋ ᠨᠢ ᠮᠠᠭᠤᠯᠠᠵᠤ ᠨᠢᠭᠡ ᠶ᠋ᠢ ᠪᠡᠨ ᠶᠡᠭᠦᠳᠬᠡᠵᠦ ᠮᠥᠷᠦᠨ ᠳᠡᠭᠡᠷ᠎ᠡ ᠨᠢ ᠭᠢᠰᠬᠢᠭᠡᠳ ᠳᠡᠭᠡᠭᠰᠢ ᠮᠠᠴᠤᠬᠤ ᠭᠡᠰᠡᠨ ᠵᠠᠯᠢᠲᠠᠢ ᠤᠬᠠᠭᠠᠨ ᠢ᠋ ᠨᠢ ᠨᠡᠪᠲᠡ ᠦᠵᠡᠵᠦ ᠭᠠᠷᠤᠨ ᠳᠣᠲᠣᠷ᠎ᠠ ᠪᠠᠨ ᠡᠭᠳᠡᠭᠦᠦ ᠨᠢ ᠬᠦᠷᠴᠦ᠄
— ᠦᠷᠢᠰᠤᠭᠡᠨ ᠦ᠌ ᠨᠢᠭᠡ ᠰᠠᠢᠨ ᠡᠷ᠎ᠡ ᠶ᠋ᠢ ᠭᠠᠳᠠᠭᠤᠷᠴᠢᠯᠠᠵᠤ ᠦᠭᠡᠢ ᠬᠢᠬᠦ ᠳ᠋ᠡᠭᠡᠨ ᠴᠢᠨᠦ ᠲᠠᠪᠠ ᠴᠢᠨᠢ ᠬᠠᠨᠵᠤ ᠪᠠᠬ᠎ᠠ ᠴᠢᠨᠢ ᠣᠩᠭᠣᠢᠭᠰᠠᠨ ᠪᠠᠢᠬ᠎ᠠ ᠳᠠ ! ᠬᠥᠯ ᠳᠦ ᠴᠢᠨᠢ ᠬᠥᠨᠳᠡᠯᠡᠨ ᠬᠥᠰᠢᠶᠡᠰᠦ ᠪᠣᠯᠵᠤ ᠪᠠᠢᠪᠠᠯ ᠨᠢᠭᠡ ᠲᠠᠢᠰᠢ ᠨᠢ ᠬᠠᠨᠳᠤᠭᠤᠯᠴᠢᠬᠠᠪᠠᠯ ᠴᠢᠨᠦ ᠳᠡᠭᠡᠭᠰᠢ ᠮᠠᠨᠳᠤᠬᠤ ᠵᠠᠮ ᠰᠢᠯᠤᠭᠤᠬᠠᠨ ᠪᠣᠯᠬᠤ ᠪᠠᠢᠯᠭᠦᠢ ! ᠭᠡᠵᠦ ᠳᠤᠷ᠎ᠠ ᠦᠭᠡᠢᠴᠡᠭᠰᠡᠨ ᠬᠦᠨᠳᠦ ᠲᠤᠰᠤᠯᠲᠠ ᠲᠠᠢ ᠦᠭᠡ ᠤᠨᠠᠭᠠᠭᠰᠠᠨ ᠳ᠋ᠤ᠌ ᠴᠤᠭᠪᠠᠭᠠᠲᠤᠷ ᠤ᠋ᠨ ᠳᠣᠲᠣᠷ᠎ᠠ ᠫᠠᠯ ᠬᠢᠪᠡ᠃
ᠴᠣᠭᠪᠠᠭᠠᠲᠤᠷ ᠲᠦᠭᠳᠡᠷᠡᠵᠦ ᠠᠪᠤᠨ ᠠᠷᠭ᠎ᠠ ᠠᠭᠠᠰᠢ ᠪᠠᠨ ᠪᠠᠷᠠᠭᠰᠠᠨ ᠪᠣᠯᠪᠠᠴᠤ᠂ ᠲᠡᠭᠦᠨ ᠦ᠌ ᠡᠮᠦᠨ᠎ᠡ ᠡᠴᠡ ᠠᠶᠠᠰ ᠦᠭᠡ ᠣᠯᠵᠤ ᠬᠡᠯᠡᠭᠰᠡᠨ ᠦᠭᠡᠢ᠃ 《ᠬᠡᠰᠢᠭᠲᠡᠢ ᠪᠡᠷ ᠵᠠᠢᠳᠠᠯᠠᠭᠤᠯᠤᠭᠠᠳ ᠳᠠᠭᠠᠷᠢᠲᠤ ᠵᠠᠭᠠᠲᠤᠨᠠᠭ᠎ᠠ ᠪᠠᠨ ᠭᠣᠪᠣᠭᠣᠨᠠᠭᠤᠯᠵᠤ ᠪᠠᠢᠭᠰᠠᠨ ᠮᠠᠭᠤ ᠬᠠᠩᠭᠠᠯ ᠪᠠᠢᠳᠠᠰᠤ ᠶ᠋ᠢ ᠬᠣᠬᠣᠢ᠂ ᠶᠡᠷᠦ ᠨᠢ ᠴᠢᠨᠦ ᠵᠠᠪᠠᠵᠢ ᠲᠡᠭᠦᠨ ᠦ᠌ ᠵᠠᠶᠠᠭ᠎ᠠ ᠲᠠᠪᠢᠯᠠᠩ ᠲᠠᠢᠰᠢ ᠬᠠᠵᠠᠢᠬᠤ ᠨᠢ ᠠᠷᠭ᠎ᠠ ᠦᠭᠡᠢ᠃ ᠮᠠᠭᠤ ᠥᠯᠥᠭᠴᠢᠨ ᠢ ᠁》ᠭᠡᠵᠦ ᠳᠣᠲᠣᠷ᠎ᠠ ᠪᠠᠨ ᠬᠠᠷᠢᠶᠠᠨ᠎ᠠ᠃ ᠡᠨᠡ ᠦᠶ᠎ᠡ ᠳ᠋ᠦ᠍ ᠳᠣᠲᠣᠷ᠎ᠠ ᠥᠷᠥᠭᠡᠨ ᠦ᠌ ᠬᠠᠭᠠᠯᠭ᠎ᠠ ᠨᠡᠭᠡᠭᠡᠭᠳᠡᠵᠦ ᠠᠷᠪᠠᠭᠠᠳ ᠨᠠᠰᠤᠨ ᠤ᠋ ᠬᠡᠦᠬᠡᠳ ᠴᠦᠯᠲᠦ ᠮᠥᠯᠲᠥ ᠭᠠᠷᠴᠤ ᠢᠷᠡᠪᠡ᠃ ᠡᠨᠡ ᠬᠦᠦ ᠪᠣᠯ ᠠᠯᠳᠠᠨᠸᠠᠴᠢᠷ ᠪᠠᠭ᠎ᠠ ᠵᠠᠰᠠᠭ ᠪᠠᠢᠯ᠎ᠠ᠃
— ᠮᠥᠮᠥ ᠠ᠋ ! ᠵᠢᠩᠰᠡ ᠤᠲᠤᠭ᠎ᠠ ᠶ᠋ᠢᠨ ᠤᠲᠤᠭ᠎ᠠ ᠶ᠋ᠢ ᠶᠠᠭᠠᠬᠢᠵᠤ ᠪᠢᠴᠢᠳᠡᠭ ᠶᠦ᠍ᠮ ? ᠭᠡᠬᠦ ᠳ᠋ᠦ᠍ ᠪᠠᠭ᠎ᠠ ᠬᠠᠲᠤᠨ ᠢᠩᠭᠢᠵᠦ ᠪᠢᠴᠢᠳᠡᠭ ᠶᠦ᠍ᠮ ᠭᠡᠵᠦ ᠳᠦᠷᠢᠮᠯᠡᠨ ᠵᠢᠭᠠᠵᠤ ᠥᠭᠭᠦᠭᠡᠳ᠄
— ᠬᠡᠦᠬᠡ ᠠ᠋ ! ᠮᠢᠨᠦ ᠬᠦᠦ ᠡᠨᠡ ᠨᠠᠭ᠎ᠠ ᠡᠵᠢ① ᠳ᠋ᠡᠭᠡᠨ ᠬᠠᠳᠠᠭ ᠪᠠᠷᠢᠵᠤ ᠠᠮᠤᠷ ᠠᠰᠠᠭᠤ! ᠭᠡᠵᠦ ᠮᠠᠨᠤᠨᠪᠠᠳᠮ᠎ᠠ ᠬᠥᠭᠰᠢᠨ ᠢ᠋ ᠵᠢᠭᠠᠭᠠᠳ 《ᠡᠨᠡ ᠬᠥᠮᠦᠨ ᠴᠢᠨᠦ ᠭᠠᠷ ᠢ᠋ ᠭᠠᠨᠵᠤᠭᠠᠨ ᠳ᠋ᠤ᠌᠂ ᠬᠥᠯ ᠢ᠋ ᠳᠥᠷᠦᠭᠡᠨ ᠳ᠋ᠦ᠍ ᠭᠥᠷᠦᠭᠦᠯᠬᠦ ᠳᠤ ᠦᠯᠡᠮᠵᠢ ᠭᠠᠪᠢᠶ᠎ᠠ ᠵᠢᠳᠬᠦᠯ ᠦᠵᠡᠭᠦᠯᠦᠭᠰᠡᠨ ᠬᠥᠮᠦᠨ ᠰᠢᠦ !》ᠭᠡᠪᠡ᠃
— ᠨᠠᠭ᠎ᠠ ᠡᠵᠢ ᠠ᠋ ⁈
— ᠲᠡᠢᠮᠦ ᠠ᠋ !᠂ ᠨᠠᠭ᠎ᠠ ᠡᠵᠢ ᠭᠡᠵᠦ ᠳᠠᠭᠤᠳᠠ ᠭᠡᠳ ᠳᠣᠲᠣᠷ᠎ᠠ ᠥᠷᠥᠭᠡᠨ ᠦ᠌ ᠱᠦᠭᠦᠢ ᠶ᠋ᠢᠨ ᠨᠢᠳᠦᠨ ᠡᠴᠡ ᠬᠥᠬᠡ ᠬᠠᠳᠠᠭ ᠠᠪᠴᠤ ᠬᠦᠦ ᠳ᠋ᠡᠭᠡᠨ ᠭᠠᠷᠳᠠᠭᠤᠯᠪᠠ᠃
ᠴᠣᠭᠪᠠᠭᠠᠲᠤᠷ ᠲᠠᠢ ᠬᠠᠷ᠎ᠠ ᠪᠤᠷᠴᠠᠭ ᠢ᠋ ᠬᠠᠭᠠᠯᠤᠭᠰᠠᠨ ᠰᠢᠭ᠋ ᠠᠳᠠᠯᠢᠬᠠᠨ ᠲᠥᠷᠥᠭᠰᠡᠨ ᠵᠢᠭᠠᠯ ᠬᠦᠦ ᠶ᠋ᠢ ᠬᠠᠷᠠᠭᠠᠳ ᠮᠠᠨᠤᠨᠪᠠᠳᠮ᠎ᠠ 《ᠮᠢᠨᠦ ᠮᠠᠭᠤ ᠠᠴᠢ ᠬᠡᠵᠢᠶ᠎ᠡ ᠨᠢᠭᠡ ᠡᠷ᠎ᠡ ᠶ᠋ᠢᠨ ᠵᠡᠷᠭᠡ ᠳ᠋ᠦ᠍ ᠬᠦᠷᠴᠦ ᠥᠪᠡᠷ ᠦ᠋ᠨ ᠮᠠᠲᠠᠯ ᠢ᠋ᠶ᠋ᠠᠷ ᠢ᠋ᠶ᠋ᠠᠨ ᠪᠠᠷᠠᠭᠤᠨ ᠬᠦᠩ ᠦ᠋ᠨ ᠬᠣᠰᠢᠭᠤ ᠵᠠᠰᠠᠭ ᠤ᠋ᠨ ᠵᠢᠯᠣᠭᠣ ᠶ᠋ᠢ ᠪᠠᠷᠢᠳᠠᠭ ᠪᠣᠯ ᠳᠠ? ᠡᠮᠡᠭᠡ ᠡᠵᠢ ᠳ᠋ᠡᠭᠡᠨ ᠡᠷ᠎ᠡ ᠶ᠋ᠢᠨ ᠰᠠᠢᠨ ᠤ᠋ ᠰᠢᠨᠳᠠᠰᠤ ᠪᠠᠨ ᠦᠵᠡᠭᠦᠯᠳᠡᠭ ᠴᠦ᠍ ᠪᠣᠯᠤᠭᠠᠰᠠᠢ ᠳᠠ! ᠨᠠᠳᠠ ᠳ᠋ᠤ᠌ ᠲᠡᠢᠮᠦ ᠢᠷᠦᠭᠡᠯ ᠪᠠᠢᠳᠠᠭ ᠪᠣᠯ ᠤᠤ ? ᠶᠠᠭᠠᠬᠢᠬᠤ ᠠᠷᠭ᠎ᠠ ᠦᠭᠡᠢ ᠮᠢᠬ᠎ᠠ ᠴᠢᠰᠤᠨ ᠤ᠋ ᠲᠠᠰᠤᠷᠬᠠᠢ ᠮᠥᠨ ᠪᠠᠢᠲᠠᠯ᠎ᠠ ᠪᠠᠨ <ᠮᠢᠨᠦ ᠠᠴᠢ ᠁ > ᠭᠡᠵᠦ ᠵᠣᠷᠢᠭᠲᠠᠢ ᠳᠠᠭᠤᠳᠠᠵᠤ ᠥᠬᠥᠭᠡᠷᠳᠡᠨ ᠦᠨᠦᠰᠴᠦ ᠪᠣᠯᠳᠠᠭ ᠦᠭᠡᠢ ᠨᠢ ᠶᠠᠮᠠᠷ ᠬᠠᠮᠢᠭᠠᠰᠢ ᠪᠠᠨ ᠵᠣᠪᠠᠯᠠᠩᠲᠠᠢ ᠦᠢᠯᠡ ᠦᠷ᠎ᠡ⁈ 》 ᠭᠡᠳ ᠬᠠᠳᠠᠭ ᠡᠷᠭᠦᠨ ᠠᠮᠤᠷ ᠠᠢᠯᠠᠳᠬᠠᠭᠰᠠᠨ ᠵᠢᠭᠠᠯ ᠬᠦᠦ ᠶ᠋ᠢᠨ ᠮᠠᠩᠨᠠᠢ ᠶ᠋ᠢ ᠨᠢ ᠦᠨᠦᠰᠳ᠄
— ᠪᠠᠭ᠎ᠠ ᠵᠠᠰᠠᠭ ᠠ᠋ ! ᠲᠠ ᠰᠠᠭᠤ ! ᠲᠠ ᠰᠠᠭᠠᠳᠠ ᠳᠠ ! ᠭᠡᠵᠦ ᠥᠪᠡᠷ ᠢ᠋ᠶ᠋ᠡᠨ ᠬᠥᠰᠡᠷ ᠰᠥᠭᠥᠳᠪᠡ᠃ ᠪᠠᠭ᠎ᠠ ᠬᠠᠲᠤᠨ ᠰᠠᠨᠳᠤᠷᠴᠤ᠄
— ᠲᠠ ᠪᠣᠰ! ᠪᠣᠰᠤᠭᠠᠴᠢ ! ᠨᠠᠰᠤᠲᠠᠢ ᠬᠥᠮᠦᠨ ᠪᠠᠢᠭᠠᠳ ᠁ ᠭᠡᠪᠡ᠃
— ᠪᠣᠯᠬᠤ ᠦᠭᠡᠢ ᠠ᠋ ! ᠨᠣᠶᠠᠨᠲᠠᠨ᠂ ᠬᠡᠰᠢᠭᠲᠡᠨ᠂ ᠬᠠᠭᠠᠨ ᠬᠥᠮᠦᠨ ᠬᠡᠵᠢᠶᠡᠳᠡ ᠪᠡᠨ ᠡᠭᠡᠯᠴᠤᠳ ᠤ᠋ᠨ ᠳᠡᠭᠡᠭᠦᠷ ᠰᠠᠭᠠᠲᠠᠬᠤ ᠨᠢ ᠵᠥᠪ ᠠ᠋ ! ᠭᠡᠳ ᠮᠠᠨᠤᠨᠪᠠᠳᠮ᠎ᠠ ᠶ᠋ᠢᠨ ᠠᠲᠤᠷᠢᠶᠠᠲᠤ ᠴᠢᠷᠠᠢ ᠳ᠋ᠤ᠌ ᠨᠠᠷᠠ ᠲᠤᠰᠤᠭᠰᠠᠨ ᠰᠢᠭ᠋ ᠪᠠᠭ᠎ᠠ ᠵᠠᠰᠠᠭ ᠠᠯᠳᠠᠨᠸᠠᠴᠢᠷ ᠢ᠋ ᠬᠠᠷᠠᠭᠠᠳ ᠢᠨᠢᠶᠡᠮᠰᠦᠭᠯᠡᠪᠡ᠃
ᠪᠠᠭ᠎ᠠ ᠵᠠᠰᠠᠭ ᠠᠯᠳᠠᠨᠸᠠᠴᠢᠷ᠂ ᠳᠣᠲᠣᠷ᠎ᠠ ᠥᠷᠥᠭᠡᠨ ᠡᠴᠡ ᠭᠠᠷᠴᠤ ᠢᠷᠡᠭᠡᠳ ᠭᠡᠷ ᠳᠣᠲᠣᠷᠠᠬᠢ ᠠᠭᠤᠷ ᠠᠮᠢᠰᠬᠤᠯ ᠢ᠋ ᠡᠶᠡᠷᠡᠭᠦᠯᠬᠦ ᠲᠠᠢᠰᠢ ᠬᠠᠨᠳᠤᠭᠤᠯᠵᠤ ᠬᠥᠮᠦᠰ ᠦ᠋ᠨ ᠴᠢᠷᠠᠢ ᠴᠤ᠌ ᠦᠯᠦ ᠮᠡᠳᠡᠭ ᠥᠭᠡᠳᠡ ᠪᠣᠯᠪᠠ᠃
ᠶᠠᠭᠤᠮᠠᠨ ᠤ᠋ ᠵᠠᠪᠰᠠᠷ ᠵᠠᠢ ᠶ᠋ᠢ ᠠᠯᠳᠠᠳᠠᠭ ᠦᠭᠡᠢ ᠮᠠᠨᠤᠨᠪᠠᠳᠮᠡ ᠬᠥᠭᠰᠢᠨ ᠪᠠᠭ᠎ᠠ ᠬᠠᠲᠤᠨ ᠤ᠋ ᠴᠢᠷᠠᠢ ᠥᠭᠡᠳᠡ ᠪᠠᠢᠭ᠎ᠠ ᠶ᠋ᠢᠨ ᠳᠡᠯᠢᠮ ᠢ᠋ᠶ᠋ᠡᠷ ᠵᠣᠷᠢᠵᠤ ᠢᠷᠡᠭᠰᠡᠨ ᠵᠣᠷᠢᠯᠭ᠎ᠠ ᠰᠠᠨᠠᠭ᠎ᠠ ᠪᠠᠨ ᠨᠢᠭᠤᠯ ᠦᠭᠡᠢ ᠤᠷᠠᠯᠠᠨ ᠲᠣᠭᠠᠴᠢᠪᠠ᠃
— ᠪᠠᠭ᠎ᠠ ᠬᠠᠲᠤᠨ ᠮᠢᠨᠢ᠂ ᠮᠢᠨᠦ ᠴᠣᠷ ᠤ᠋ᠨ ᠭᠠᠭᠴᠠ ᠬᠦᠦ ᠶ᠋ᠢ ᠮᠢᠨᠢ ᠥᠭᠡᠳᠡ ᠲᠠᠲᠠᠵᠤ᠂ ᠪᠣᠳᠣᠯ ᠳ᠋ᠠᠭᠠᠨ ᠪᠠᠭᠲᠠᠭᠠᠵᠤ ᠶᠠᠪᠤᠭᠠᠷᠠᠢ! ᠲᠠᠪᠢ ᠬᠦᠷᠪᠡᠯ ᠬᠡᠳᠦᠢ ᠶᠠᠪᠤᠬᠤ ᠪᠣᠢ᠂ ᠲᠠᠬᠢᠶ᠎ᠠ ᠳᠤᠤᠭᠠᠷᠪᠠᠯ ᠬᠡᠳᠤᠢᠬᠡᠨ ᠤᠨᠲᠠᠬᠤ ᠪᠣᠢ ᠭᠡᠳᠡᠭ ᠢ᠋ᠶ᠋ᠡᠷ ᠪᠢ ᠴᠦ᠍ ᠣᠳᠣ ᠡᠷᠪᠢ ᠡᠪᠦᠳᠦᠭ ᠨᠡᠢᠯᠡᠬᠦ ᠳᠥᠭᠥᠯ᠎ᠡ᠃ ᠦᠵᠡᠭᠰᠡᠭᠡᠷ ᠬᠠᠷᠠᠭᠰᠠᠭᠠᠷ ᠠ᠋! ᠲᠠ ᠨᠠᠷ ᠤ᠋ᠨ ᠰᠠᠢᠨ ᠢ᠋᠁ ᠭᠡᠵᠦ ᠬᠡᠯᠡᠬᠦ ᠳ᠋ᠦ᠍ ᠪᠠᠭ᠎ᠠ ᠬᠠᠲᠤᠨ᠄
— ᠡᠷᠭᠦᠭᠰᠡᠭᠡᠷ ᠯᠡ ᠢᠷᠡᠭᠰᠡᠨ ᠰᠢᠳᠡ᠂ ᠲᠥᠷᠥ ᠵᠠᠰᠠᠭ᠂ ᠴᠡᠷᠢᠭ ᠬᠠᠤᠯᠢ ᠶ᠋ᠢᠨ ᠤᠴᠢᠷ ᠭᠡᠭᠴᠢ ᠲᠥᠷᠥᠯ ᠳᠣᠲᠣᠷ᠎ᠠ ᠪᠠᠨ ᠭᠡᠷ ᠵᠠᠭᠤᠷ᠎ᠠ ᠶ᠋ᠢᠨ ᠶᠠᠪᠤᠳᠠᠯ ᠲᠠᠢ ᠠᠳᠠᠯᠢᠬᠠᠨ ᠶᠠᠭᠤᠮ᠎ᠠ ᠪᠣᠯᠭᠠᠨ ᠳᠡᠭᠡᠷ᠎ᠡ ᠨᠠᠢᠷ ᠲᠠᠯ᠎ᠠ ᠲᠠᠯᠪᠢᠵᠤ ᠪᠤᠯᠬᠤ ᠦᠭᠡᠢ ᠨᠢ ᠬᠡᠴᠡᠭᠦᠦ ᠰᠢᠦ ᠳᠡ! ᠭᠡᠯᠡ᠃
— ᠲᠡᠷᠡ ᠴᠦ᠍ ᠲᠡᠢᠮᠦ ᠠ᠋! ᠴᠢ ᠶᠠᠮᠠᠷ ᠴᠣᠭᠪᠠᠭᠠᠲᠤᠷ ᠢ᠋ ᠮᠡᠳᠡᠬᠦ ᠦᠭᠡᠢ ᠴᠦ᠍ ᠪᠢᠰᠢ᠃ ᠪᠠᠯᠠᠮᠠᠳ ᠳᠡᠭᠡᠷᠡᠩᠭᠦᠢ ᠵᠠᠩ ᠲᠠᠢ ᠪᠣᠯᠪᠠᠴᠤ ᠪᠠᠲᠠᠭᠠᠨ᠎ᠠ ᠠᠯᠠᠬᠤ ᠵᠣᠷᠢᠭ ᠦᠭᠡᠢ ᠡᠷ᠎ᠡ ᠶᠦᠮ ᠠ᠋!
ᠪᠠᠭ᠎ᠠ ᠬᠠᠲᠤᠨ᠂ ᠮᠠᠨᠤᠨᠪᠠᠳᠮᠡ ᠬᠥᠭᠰᠢᠨ ᠦ᠌ ᠬᠦᠦ ᠪᠡᠨ ᠢᠩᠭᠢᠵᠦ ᠤᠷᠠᠯᠠᠵᠤ ᠬᠡᠯᠡᠬᠦ ᠶ᠋ᠢ ᠰᠣᠨᠣᠰᠤᠭᠠᠳ ᠢᠨᠢᠶᠡᠳᠦ ᠨᠢ ᠬᠦᠷᠴᠦ ᠶᠠᠭᠤ ᠬᠡᠯᠡᠬᠦ ᠭᠡᠰᠡᠨ ᠢ᠋ᠶ᠋ᠡᠨ ᠪᠣᠯᠢᠵᠤ᠂《ᠡᠨᠡ ᠬᠥᠭᠰᠢᠨ ᠦ᠌ ᠬᠣᠰᠢᠭᠤ ᠪᠠᠷ ᠭᠠᠷᠤᠭᠰᠠᠨ ᠦᠭᠡ ᠪᠦᠬᠦᠨ ᠪᠥᠮᠪᠥᠷᠢᠭᠡᠨ᠂ ᠶᠠᠭᠤᠮᠠᠨ ᠪᠦᠬᠦᠨ ᠬᠠᠪᠲᠠᠭᠠᠢ》 ᠭᠡᠳᠡᠭ ᠢ᠋ ᠮᠡᠳᠡᠳᠡᠭ ᠲᠡᠭᠡᠨ᠄
— ᠪᠢ ᠴᠦ᠍ ᠶᠠᠭᠠᠬᠢᠬᠤ ᠪᠣᠢ ᠳᠠ! ᠴᠠᠭᠠᠳᠤ ᠵᠠᠩᠵᠤᠨ ᠶᠠᠮᠤᠨ ᠤ᠋ ᠨᠣᠶᠠᠳ ᠤ᠋ᠨ ᠠᠮᠠ ᠬᠠᠵᠡᠢᠬᠰᠠᠨ ᠢ᠋ ᠶᠠᠭᠠᠬᠢᠯᠲᠠᠢ ᠪᠣᠢ! ᠲᠠ ᠬᠦᠦ ᠡᠴᠡ ᠪᠡᠨ ᠠᠰᠠᠭᠤ! ᠭᠡᠳ ᠳᠣᠲᠣᠷ᠎ᠠ ᠥᠷᠥᠭᠡᠨ ᠳ᠋ᠡᠭᠡᠨ ᠣᠷᠣᠭᠠᠳ ᠳᠠᠬᠢᠵᠤ ᠭᠠᠷᠴᠤ ᠢᠷᠡᠭᠰᠡᠨ ᠦᠭᠡᠢ᠃
ᠨᠢᠭᠡ ᠬᠡᠰᠡᠭ ᠤᠳᠠᠭᠠᠳ ᠵᠢᠰᠢᠶᠡᠨ ᠦ᠌ ᠴᠡᠷᠢᠭ ᠣᠷᠣᠵᠤ ᠢᠷᠡᠨ《ᠲᠠ ᠨᠠᠷ ᠣᠳᠣ ᠶᠠᠪᠤᠵᠤ ᠪᠣᠯᠤᠨ᠎ᠠ᠃ ᠰᠸᠯᠢᠩ ᠬᠠᠲᠤᠨ ᠪᠡᠶ᠎ᠡ ᠴᠢᠯᠡᠭᠰᠡᠨ ᠤᠴᠢᠷ ᠠᠮᠠᠷᠠᠬᠤ ᠴᠢᠬᠤᠯᠠᠲᠠᠢ》 ᠬᠡᠵᠦ ᠬᠡᠯᠡᠭᠰᠡᠨ ᠨᠢ ᠦᠭᠡᠨ ᠦ᠌ ᠥᠭᠡᠳᠡ ᠤᠷᠤᠭᠤ ᠶ᠋ᠢ ᠣᠯᠳᠠᠭ ᠦᠭᠡᠢ ᠬᠥᠮᠦᠰ ᠲᠡᠢ ᠬᠡᠯᠡᠯᠴᠡᠬᠦ ᠭᠡᠭᠴᠢ ᠬᠡᠯᠡ ᠠᠮᠠᠨ ᠤ᠋ ᠵᠣᠪᠠᠯᠠᠩ! ᠣᠳᠣ ᠪᠣᠷᠣ ᠮᠥᠷ ᠢ᠋ᠶ᠋ᠡᠷ ᠢ᠋ᠶ᠋ᠡᠨ ᠪᠤᠴᠠᠭᠠᠳ ᠲᠣᠨᠢᠯ ᠭᠡᠰᠡᠨ ᠤᠤᠬᠠᠡ ᠲᠡᠢ ᠦᠭᠡ ᠪᠣᠯᠵᠤ ᠰᠣᠨᠣᠰᠳᠠᠵᠤ᠂ ᠶᠡᠬᠡ ᠶ᠋ᠢ ᠭᠣᠷᠢᠳᠠᠵᠤ ᠢᠷᠡᠭᠰᠡᠨ ᠡᠬᠡ ᠬᠥᠪᠡᠭᠦᠨ ᠬᠣᠶᠠᠷ ᠤ᠋ᠨ ᠨᠡᠷ᠎ᠡ ᠨᠢᠭᠤᠷ ᠲᠤᠨᠢ ᠬᠦᠷᠴᠦ ᠴᠠᠭᠠᠨ᠎ᠠ ᠠ᠋ᠴᠠ ᠪᠠᠨ ᠵᠢᠭᠰᠢᠵᠡᠢ᠃
ᠡᠨᠡ ᠣᠷᠴᠢᠮ ᠪᠠᠭ᠎ᠠ ᠬᠠᠲᠤᠨ ᠨᠡᠭᠡᠷᠡᠨ ᠪᠡᠶ᠎ᠡ ᠰᠡᠳᠬᠡᠯ ᠴᠢᠯᠡᠷᠡᠵᠤ ᠪᠠᠢᠭ᠎ᠠ ᠰᠠᠨ᠃ ᠲᠡᠷᠡ ᠶᠠᠭᠤᠨ ᠤ᠋ ᠴᠣᠭᠪᠠᠭᠠᠲᠤᠷ ᠤ᠋ᠨ ᠶᠠᠯ᠎ᠠ ᠭᠠᠪᠢᠶ᠎ᠠ ᠶ᠋ᠢ ᠲᠤᠩᠭᠠᠵᠤ ᠵᠡᠷᠭᠡ ᠵᠢᠩᠰᠡ ᠶ᠋ᠢ ᠪᠣᠳᠣᠬᠤ ᠠᠵᠢ ᠠ᠋! ᠠᠩᠴᠢᠨᠵᠠᠪ ᠤ᠋ᠨ ᠡᠪᠦᠷ ᠳᠤ ᠪᠦᠪᠡᠢᠯᠠᠭᠲᠡᠨ ᠬᠡᠴᠢᠨᠡᠭᠡᠨ ᠵᠢᠯ ᠦ᠋ᠨ ᠬᠤᠰᠠᠷᠠᠭᠰᠠᠨ ᠲᠠᠴᠢᠶᠠᠯ ᠳ᠋ᠠᠭᠠᠨ ᠰᠢᠳᠡᠵᠦ ᠡᠭᠡᠭᠡ ᠯᠡ ᠤᠰᠤ ᠴᠢᠭᠢᠭ ᠦ᠋ᠨ ᠪᠠᠷ᠎ᠠ ᠣᠯᠵᠤ ᠦᠵᠡᠬᠦ ᠦᠭᠡᠢ ᠨᠠᠷᠠ ᠰᠠᠯᠬᠢᠨ ᠳ᠋ᠤ᠌ ᠬᠠᠭᠰᠠᠵᠤ ᠠᠩᠭᠠᠭᠰᠠᠨ ᠠᠭᠠᠷᠤᠨ ᠰᠠᠭᠤᠯᠠᠭ᠎ᠠ ᠰᠢᠭ᠋ ᠠᠩ ᠴᠠᠪᠠ ᠭᠠᠷᠴᠤ ᠰᠢᠩᠭᠡᠨ ᠶᠠᠭᠤᠮ᠎ᠠ ᠠᠭᠤᠯᠵᠤ ᠳᠡᠢᠯᠦᠮᠡ ᠦᠭᠡᠢ ᠪᠣᠯᠤᠭᠠᠳ ᠴᠢᠭᠢᠭ ᠨᠣᠢᠲᠠᠨ᠂ ᠪᠣᠷᠣᠭᠠᠨ ᠬᠤᠷ᠎ᠠ ᠳ᠋ᠤ᠌ ᠬᠠᠨᠲᠠᠯ᠎ᠠ ᠪᠠᠨ ᠤᠮᠳᠠᠯᠠᠭᠤᠯᠬᠤ ᠵᠢᠷᠭᠠᠯ ᠴᠡᠩᠭᠡᠯ ᠦ᠋ᠨ ᠬᠢᠨᠢ ᠰᠤᠷᠪᠤᠯᠵᠢ ᠶ᠋ᠢ ᠲᠠᠰᠤᠯᠵᠤ ᠬᠠᠶᠠᠭᠰᠠᠨ ᠳ᠋ᠤ᠌ ᠡᠨᠡ ᠬᠣᠷᠸ᠎ᠠ ᠳ᠋ᠤ᠌ ᠶᠠᠭᠤᠮ᠎ᠠ ᠪᠦᠬᠦᠨ ᠲᠦᠭᠦᠬᠡᠢ ᠰᠣᠯᠣᠭᠠᠢ ᠬᠠᠷᠠᠭᠳᠠᠵᠤ᠂ ᠰᠡᠳᠬᠢᠯ ᠭᠠᠩᠰᠠᠷᠠᠨ ᠵᠣᠪᠠᠨᠢᠭᠰᠠᠨ ᠢ᠋ ᠬᠡᠨ ᠬᠥᠮᠦᠨ ᠣᠢᠯᠠᠭᠠᠬᠤ ᠪᠢᠯᠡ⁈
ᠮᠠᠨᠤᠨᠪᠠᠳᠮᠡ ᠬᠥᠭᠰᠢᠨ ᠲᠡᠨᠳᠡ ᠡᠴᠡ ᠭᠠᠷᠬᠤ ᠳ᠋ᠠᠭᠠᠨ ᠠᠭᠤᠷᠯᠠᠵᠤ ᠤᠷᠤᠭᠤᠯ ᠨᠢ ᠲᠠᠲᠠᠪᠠᠯᠵᠠᠨ ᠴᠡᠴᠡᠷᠡᠭᠡᠳ᠄
— ᠠᠴᠢ ᠭᠠᠪᠢᠶ᠎ᠠ ᠶ᠋ᠢ ᠤᠮᠠᠷᠲᠠᠵᠤ᠂ ᠵᠢᠷᠤᠮᠲᠤ ᠰᠡᠳᠬᠡᠯ ᠢ᠋ ᠦᠲᠡᠭᠡᠷᠬᠡᠭᠰᠡᠨ ᠬᠣᠢᠲᠤ ᠮᠥᠷ ᠦᠭᠡᠢ ᠬᠥᠮᠦᠨ ᠶᠦᠮ ᠪᠠᠢᠨ᠎ᠠ! ᠡᠬᠡ ᠶ᠋ᠢᠨ ᠶᠠᠬᠠᠭᠰᠠᠨ᠂ ᠴᠡᠴᠡᠭ ᠬᠠᠲᠤᠨ ᠤ᠋《ᠠᠢᠷᠠᠭ ᠤ᠋ᠨ ᠬᠤᠯᠤ》 ᠶ᠋ᠢ ᠲᠡᠪᠡᠷᠢᠴᠢᠬᠡᠭᠡᠳ ᠤᠰᠤᠨ ᠨᠢᠳᠦᠯᠡᠵᠦ ᠰᠢᠷᠠᠪ ᠨᠣᠶᠠᠨ ᠤ᠋ ᠭᠣᠯᠣᠭᠳᠠᠮᠠᠯ ᠭᠤᠨᠵᠢ ᠪᠡᠠᠢᠬᠰᠠᠨ ᠢ᠋ᠶ᠋ᠠᠨ ᠮᠡᠳᠡᠬᠦ ᠦᠭᠡᠢ᠁ ᠥᠨᠥᠳᠥᠷ ᠬᠠᠷᠢᠨ ᠭᠣᠪᠢᠯ ᠣᠷᠣᠲᠠᠯ᠎ᠠ ᠲᠠᠷᠭᠤᠯᠠᠭᠠᠳ ᠬᠥᠮᠦᠨ ᠲᠡᠢᠷᠬᠦ ᠲᠡᠢ ᠪᠣᠯᠴᠢᠬᠠᠵᠠᠢ! ᠪᠠᠰᠠ ᠬᠠᠮᠢᠭᠠᠬᠢ ᠶ᠋ᠢᠨ ᠨᠢᠭᠡ ᠲᠡᠨᠦᠮᠡᠯ ᠡᠷ᠎ᠡ ᠣᠯᠵᠤ ᠲᠡᠪᠡᠷᠢᠭᠡᠳ ᠨᠡᠷ᠎ᠡ ᠨᠠᠰᠤ ᠪᠠᠨ ᠮᠡᠳᠡᠬᠦ ᠪᠡᠨ ᠪᠣᠯᠢᠴᠢᠬᠠᠪᠠ⁈ ᠭᠡᠵᠦ ᠳᠣᠲᠣᠷ᠎ᠠ ᠪᠠᠨ ᠬᠠᠷᠢᠶᠠᠭᠠᠳ ᠬᠠᠭᠠᠯᠭ᠎ᠠ ᠰᠠᠪᠠᠨ ᠭᠠᠷᠴᠤ ᠶᠠᠪᠤᠪᠠ᠃
ᠡᠯᠳᠡᠩᠭᠡ ᠶᠡᠷᠦ ᠨᠢ ᠶᠡᠬᠡᠷᠬᠡᠭ ᠵᠠᠩ ᠪᠠᠢᠳᠠᠭ ᠦᠭᠡᠢ ᠪᠣᠷᠣᠭᠵᠢᠭᠤᠨ ᠰᠤᠷᠲᠠᠯ ᠲᠠᠢ ᠬᠥᠮᠦᠨ ᠲᠤᠯᠠ ᠡᠨᠡ ᠡᠬᠡ ᠬᠥᠪᠡᠭᠦᠨ ᠬᠣᠶᠠᠷ ᠢ᠋ ᠭᠡᠷ ᠲᠦ᠋ᠨᠢ ᠮᠣᠷᠢᠯᠠᠨ ᠪᠠᠭᠤᠭᠰᠠᠨ ᠳ᠋ᠤ᠌ ᠰᠠᠭᠤᠵᠤ ᠲᠣᠭᠲᠠᠯ ᠦᠭᠡᠢ ᠭᠠᠳᠠᠨ᠎ᠠ ᠳᠣᠲᠣᠨ᠎ᠠ ᠡᠨᠡ ᠲᠡᠷᠡ ᠠᠵᠢᠯ ᠳ᠋ᠤ᠌ ᠬᠣᠰᠢᠭᠤ ᠲᠥᠷᠥᠵᠦ ᠬᠠᠩᠭᠢ ᠰᠢᠭ᠋ ᠳᠡᠢᠯᠠᠯᠠᠭᠠ ᠬᠢᠬᠦ ᠶ᠋ᠢ ᠪᠣᠳᠣᠵᠤ ᠠᠯᠢ ᠠᠯᠢᠨ ᠳ᠋ᠤ᠌ ᠴᠦ᠍ ᠪᠦᠷ ᠵᠠᠪᠳᠤᠭᠤᠯᠵᠤ ᠪᠠᠢᠯ᠎ᠠ᠃ ᠴᠤᠭᠪᠠᠭᠠᠲᠤᠷ ᠴᠦ᠍ ᠶᠠᠭᠠᠬᠢᠬᠤ ᠪᠣᠢ ᠪᠣᠰᠤᠨ ᠪᠣᠰᠤᠨ ᠪᠣᠷᠣ ᠳᠠᠭ᠎ᠠ ᠪᠠᠨ ᠵᠠᠢᠳᠠᠯᠠᠪᠠ ᠭᠡᠭᠴᠢ ᠡᠨᠡ ᠠᠢᠯ ᠤ᠋ᠨ ᠪᠠᠢᠩᠭᠤ ᠭᠡᠢᠴᠢᠨ ᠪᠣᠯᠬᠣᠷ ᠡᠷᠡᠭᠡ ᠵᠢᠷᠣᠭ᠎ᠠ ᠦᠭᠡᠢ᠃ ᠶᠡᠬᠡ ᠶ᠋ᠢ ᠦᠵᠡᠭᠰᠡᠨ ᠮᠠᠨᠤᠨᠪᠠᠳᠮᠡ ᠬᠥᠭᠰᠢᠨ ᠬᠠᠷᠢᠨ ᠠᠩᠬ᠎ᠠ ᠪᠣᠱᠣᠭ᠎ᠠ ᠠᠯᠬᠤᠵᠤ ᠪᠠᠢᠭ᠎ᠠ ᠪᠣᠯᠬᠣᠷ ᠡᠯᠳᠡᠩᠭᠡ ᠶ᠋ᠢᠨ ᠡᠢᠩᠬᠢᠵᠤ ᠮᠤᠩᠭᠠᠨᠢᠳᠠᠭ ᠨᠢ ᠭᠠᠢᠬᠠᠯᠲᠠᠢ ᠪᠢᠰᠢ ᠠ᠋! ᠲᠡᠷᠡ ᠪᠡᠷ ᠲᠡᠳᠡᠨ ᠦ᠌ ᠡᠭᠦᠳᠡᠨ ᠳ᠋ᠦ᠍ᠨᠢ ᠭᠤᠢᠷᠠᠨᠴᠢ ᠲᠡᠨᠦᠭᠦᠯᠴᠢ ᠬᠦᠷᠦᠭᠡᠳ ᠢᠷᠡᠬᠦ ᠳ᠋ᠦ᠍ ᠴᠦ᠍ ᠨᠢᠭᠡ ᠴᠠᠭ ᠤ᠋ᠨ ᠬᠠᠯᠠᠭᠤᠨ ᠪᠦᠯᠢᠶᠡᠨ ᠬᠣᠭᠣᠯᠠ ᠥᠭᠴᠦ ᠬᠦᠨᠡᠰᠦ ᠡᠪᠦᠷᠲᠦᠯᠡᠭᠦᠯᠦᠭᠡᠳ ᠶᠠᠪᠤᠭᠤᠯᠴᠢᠬᠠᠳᠠᠭ᠃ ᠶᠡᠬᠡ ᠭᠡᠷ ᠦ᠋ᠨ ᠵᠠᠷᠤᠴᠠ ᠠᠮᠢ ᠵᠢᠭᠤᠯᠭ᠎ᠠ ᠶ᠋ᠢᠨ ᠬᠥᠮᠦᠨ ᠦ᠌ ᠪᠡᠨ ᠭᠡᠳᠡᠰᠦ ᠶ᠋ᠢ ᠬᠡᠷᠡᠵᠦ ᠬᠡᠮᠵᠢᠬᠦ ᠦᠭᠡᠢ ᠬᠥᠯᠥᠰᠥ ᠮᠥᠩᠭᠥ ᠶ᠋ᠢ ᠨᠢ ᠴᠦ᠍ ᠳᠤᠲᠠᠭᠤᠯᠠᠬᠤ ᠦᠭᠡᠢ ᠲᠣᠭᠠᠴᠠᠳᠠᠭ ᠲᠤᠨᠢ ᠡᠭᠡᠯ ᠬᠠᠷᠠᠴᠤᠤᠯ ᠡᠯᠳᠡᠩᠭᠡ ᠶ᠋ᠢᠨ ᠳ᠋ᠦ᠍ ᠵᠠᠷᠤᠭᠳᠠᠬᠤ ᠳᠤᠷᠠᠲᠠᠢ ᠪᠠᠢᠳᠠᠭ᠃ ᠲᠡᠢᠨ ᠬᠦ᠌ ᠡᠨᠡ ᠢᠷᠡᠭᠰᠡᠨ ᠬᠦᠨᠳᠦᠲᠦ ᠵᠣᠴᠢᠨ ᠳ᠋ᠠᠭᠠᠨ ᠦᠳᠡ ᠳ᠋ᠦ᠍ ᠥᠶᠥᠭ ᠲᠠᠷᠭᠤᠨ ᠴᠠᠢ ᠬᠣᠭᠣᠯᠠ ᠵᠣᠭᠣᠭᠯᠠᠭᠤᠯᠴᠢᠬᠠᠭᠠᠳ ᠴᠢᠨᠠᠷᠯᠢᠭ ᠬᠠᠷ᠎ᠠ ᠲᠠᠮᠠᠬᠢ ᠭᠠᠷᠭᠠᠵᠤ ᠡᠬᠡ ᠬᠦᠦ ᠪᠣᠯᠤᠨ ᠳᠠᠭᠠᠭᠰᠠᠳ ᠲᠤ ᠠᠳᠠᠯᠢᠬᠠᠨ ᠬᠦᠷᠲᠡᠭᠡᠯ ᠲᠡᠢ ᠬᠥᠯ ᠢ᠋ ᠨᠢ ᠠᠮᠠᠷᠠᠭᠠᠪᠠ᠃ ᠢᠳᠡᠵᠦ ᠤᠤᠭᠤᠵᠤ ᠴᠠᠳᠤᠭᠰᠠᠨ ᠬᠥᠮᠦᠰ ᠦ᠋ᠨ ᠴᠢᠷᠠᠢ ᠳ᠋ᠤ᠌ ᠮᠠᠩᠰᠢᠭᠤᠷᠠᠯ ᠤ᠋ᠨ ᠮᠠᠨᠠᠨ ᠪᠦᠷᠬᠦᠵᠦ᠂ ᠵᠢᠷᠣᠭ᠎ᠠ ᠶ᠋ᠢᠨ ᠵᠢᠷᠣᠭ᠎ᠠ ᠪᠠᠷ ᠢ᠋ᠶ᠋ᠠᠨ᠂ ᠣᠷᠣᠭ᠎ᠠ ᠶ᠋ᠢᠨ ᠣᠷᠣᠭ᠎ᠠ ᠪᠠᠷ ᠢ᠋ᠶ᠋ᠠᠨ ᠭᠡᠳᠡᠭ ᠢ᠋ᠶ᠋ᠡᠷ ᠲᠤᠰ ᠲᠤᠰ ᠤ᠋ᠨ ᠳᠤᠷ᠎ᠠ ᠰᠣᠨᠢᠷᠬᠠᠯ ᠢ᠋ᠶ᠋ᠠᠷ ᠢ᠋ᠶ᠋ᠠᠨ ᠪᠤᠯᠵᠠᠭᠠᠪᠠ᠃ ᠴᠤᠭᠪᠠᠭᠠᠲᠤᠷ ᠴᠦ᠍ ᠶᠠᠷᠢᠶᠠᠨ ᠦᠭᠡᠢ ᠡᠯᠳᠡᠩᠭᠡ ᠶ᠋ᠢᠨ ᠠᠴᠢ ᠥᠬᠢᠨ ᠮᠠᠨᠤᠬᠤᠸᠠᠷ ᠤ᠋ᠨ ᠥᠷᠥᠭᠡᠨ ᠳ᠋ᠦ᠍ ᠰᠢᠷᠭᠤᠵᠤ ᠣᠷᠣᠪᠠ᠃ ᠳᠤᠷ᠎ᠠ ᠳᠤᠷ᠎ᠠ ᠶ᠋ᠢᠨ ᠢ᠋ᠶ᠋ᠡᠨ ᠰᠢᠯᠲᠠᠭ ᠲᠤ ᠳᠤᠷᠠᠲᠠᠢ ᠶᠠᠭᠤᠮᠠᠨ ᠳ᠋ᠠᠭᠠᠨ ᠨᠠᠭᠠᠯᠳᠤᠵᠤ ᠰᠣᠯᠣᠭᠠᠢ ᠨᠠᠮᠵᠢᠯ᠂ ᠬᠥᠩᠬᠥᠷ ᠵᠠᠮᠪᠠᠯ᠂ ᠡᠯᠳᠡᠩᠭᠡ ᠶᠢᠨ ᠣᠳᠬᠣᠨ ᠬᠦᠦ ᠪᠠᠳᠠᠷᠠ ᠨᠠᠷ ᠬᠠᠷ᠎ᠠ ᠲᠠᠮᠠᠬᠢ ᠮᠠᠨᠠᠷᠠᠭᠤᠯᠵᠤ ᠠᠪᠤᠭᠠᠳ ᠮᠥᠷᠥᠢ ᠲᠡᠢ ᠶᠠᠰᠤᠨ ᠫᠠᠢ ᠥᠷᠥᠵᠦ ᠬᠠᠷᠴᠢᠭᠢᠨᠠᠭᠤᠯᠤᠨᠠ᠃ ᠮᠠᠨᠣᠠᠪᠠᠳᠮᠡ ᠬᠦᠬᠰᠢᠠ ᠬᠠᠷ᠎ᠠ ᠲᠠᠮᠠᠬᠢᠨ ᠤ᠋ ᠬᠡᠩᠰᠢᠭᠦᠦ ᠪᠡᠷ ᠰᠠᠮᠰᠠ ᠪᠠᠨ ᠤᠲᠤᠵᠤ ᠬᠡᠰᠡᠭ ᠬᠠᠵᠠᠭᠣᠯᠣᠰᠬᠢᠭᠡᠳ ᠪᠡᠶ᠎ᠡ ᠠᠮᠠᠷᠠᠵᠤ ᠬᠠᠩᠭᠢ ᠵᠢᠪᠬᠤᠭᠠᠵᠢᠭᠰᠠᠨ ᠪᠣᠯᠣᠯᠳᠠᠢ ᠪᠣᠰᠴᠤ ᠡᠯᠳᠡᠩᠭᠡ ᠲᠡᠢ ᠡᠷᠲᠡ ᠡᠳᠦᠭᠡ᠂ ᠤᠯᠤᠰ ᠭᠦᠷᠦᠨ ᠡᠴᠡ ᠲᠣᠭᠣᠷᠢᠭᠠᠳ ᠪᠠᠷᠠᠭᠤᠨ ᠬᠦᠩ ᠦ᠋ᠨ ᠬᠣᠰᠢᠭᠤ ᠶ᠋ᠢ ᠡᠯᠡᠲᠡᠯ᠎ᠡ ᠵᠣᠭᠣᠭᠳᠠᠵᠤ᠂ ᠲᠤᠰ ᠲᠤᠰ ᠤ᠋ᠨ ᠵᠣᠪᠠᠨᠢᠯ ᠭᠤᠲᠤᠷᠠᠯ ᠢᠶᠡᠨ ᠲᠣᠭᠠᠴᠢᠨ ᠨᠢᠭᠡ ᠨᠢᠭᠡᠨ ᠦ᠌ ᠪᠡᠨ ᠤᠬᠠᠭ᠎ᠠ ᠪᠣᠳᠣᠯ ᠢ᠋ ᠲᠡᠩᠰᠡᠵᠦ ᠮᠡᠷᠭᠡᠯᠡᠨ᠎ᠡ᠃ ᠳᠣᠲᠣᠷ᠎ᠠ ᠲᠠᠮᠢᠷ ᠢ᠋ᠶ᠋ᠠᠷ ᠢ᠋ᠶ᠋ᠠᠨ ᠬᠡᠨ ᠬᠡᠨ ᠳ᠋ᠡᠭᠡᠨ ᠠᠪᠲᠠᠬᠤ ᠦᠭᠡᠢ ᠮᠡᠷᠭᠡᠴᠢ ᠬᠣᠶᠠᠷ ᠥᠲᠡᠭᠦᠰ ᠢᠩᠭᠢᠵᠦ ᠲᠡᠦᠬᠡᠨ ᠳ᠋ᠦ᠍ ᠦᠭᠡᠢ ᠦᠭᠡ ᠲᠠᠭᠠᠷᠠᠵᠤ ᠶᠠᠷᠢᠵᠤ ᠰᠠᠭᠤᠪᠠ᠃
ᠵᠠᠷᠤᠴᠠ ᠠᠮᠢ ᠵᠢᠭᠤᠯᠭ᠎ᠠ ᠶᠢᠨ ᠬᠥᠮᠦᠰ ᠡᠯᠳᠡᠩᠭᠡ ᠶᠢᠨ ᠵᠠᠬᠢᠶ᠎ᠠ ᠪᠠᠷ ᠭᠡᠢᠴᠢᠨ ᠵᠣᠴᠢᠨ ᠤ᠋ ᠮᠣᠷᠢ ᠤᠨᠤᠭ᠎ᠠ ᠳ᠋ᠤ᠌ ᠤᠯᠠᠭᠠᠨ ᠰᠢᠰᠢ ᠨᠣᠭᠣᠭᠠᠨ ᠪᠤᠷᠴᠠᠭ ᠬᠣᠯᠢᠭᠰᠠᠨ ᠲᠡᠵᠢᠭᠡᠯ ᠥᠭᠴᠦ᠂ ᠨᠠᠷᠢᠮᠤ ᠶ᠋ᠢᠨ ᠰᠦᠷᠡᠯ ᠢ᠋ ᠴᠦᠳᠡᠩ ᠦ᠋ᠨ ᠮᠣᠳᠣ ᠬᠢᠷᠢ ᠠᠬᠤᠷᠯᠠᠨ ᠬᠡᠷᠴᠢᠵᠦ ᠣᠩᠭᠣᠰᠤ ᠠᠯᠳᠠᠲᠠᠯ᠎ᠠ ᠲᠡᠵᠢᠭᠡᠪᠡ᠃
ᠢᠯᠴᠢ ᠪᠡᠨ ᠬᠠᠷᠠᠮᠨᠠᠭᠰᠠᠨ ᠪᠡᠭᠡᠷᠡᠩᠬᠡᠢ ᠡᠮᠡᠭᠡᠨ ᠨᠠᠷᠠ ᠮᠣᠯᠴᠣᠭᠲᠤ ᠶᠢᠨ ᠮᠤᠬᠤᠷ ᠲᠣᠯᠣᠭᠠᠢ ᠶ᠋ᠢ ᠲᠡᠮᠳᠡᠷᠢᠭᠰᠡᠭᠡᠷ ᠲᠠᠯᠳᠠᠷᠠᠪᠠ᠃ ᠡᠯᠳᠡᠩᠭᠡ ᠶᠢᠨ ᠳ᠋ᠤ᠌ ᠨᠢᠵᠢᠭᠡᠷ ᠨᠠᠢᠷ ᠪᠣᠯᠪᠠ᠃
ᠵᠣᠴᠢᠯᠠᠯ ᠤ᠋ᠨ ᠶᠡᠬᠡ ᠭᠡᠷ ᠦ᠋ᠨ ᠲᠡᠮᠦᠷ ᠵᠤᠤᠬᠠᠨ ᠳ᠋ᠤ᠌ ᠰᠢᠲᠠᠭᠰᠠᠨ ᠰᠢᠷ᠎ᠠ ᠠᠭᠠᠷᠤᠨ ᠬᠣᠵᠤᠤᠯ᠎ᠠ ᠶᠢᠨ ᠨᠢᠩᠬᠠᠷ ᠦᠨᠦᠷ ᠬᠠᠮᠠᠷ ᠰᠡᠩᠭᠢᠨᠡᠭᠦᠯᠦᠨ ᠰᠠᠢᠬᠠᠨ ᠦᠨᠦᠷᠳᠦᠵᠦ᠂ ᠰᠢᠷ᠎ᠠ ᠲᠣᠰᠣ ᠰᠢᠷᠭᠠᠯᠲᠤᠭᠰᠠᠨ ᠰᠦ ᠲᠡᠢ ᠴᠠᠢ ᠠᠭᠤᠷ ᠰᠠᠪᠰᠠᠯᠠᠨ ᠯᠤᠤ ᠶᠢᠨ ᠬᠡ ᠲᠡᠢ ᠨᠠᠷᠢᠨ ᠱᠠᠭᠠᠵᠠᠩ ᠤ᠋ᠨ ᠢᠷᠮᠡᠭ ᠡᠮᠬᠦᠵᠦ ᠲᠠᠮᠰᠢᠶᠠᠯᠠᠬᠤ ᠪᠠᠰᠠ ᠨᠢᠭᠡ ᠵᠦᠢᠯ ᠦ᠋ᠨ ᠵᠢᠷᠭᠠᠯ ᠪᠤᠶᠤ᠃ ᠪᠤᠮᠪᠠ ᠬᠡᠯᠪᠡᠷᠢ ᠲᠡᠢ ᠠᠯᠲᠠᠨ ᠭᠡᠭᠡᠳᠣ ᠪᠠᠭᠪᠤᠷ ᠳᠤ ᠬᠠᠭᠤᠷᠤᠭᠰᠠᠨ ᠪᠤᠳᠠᠭ᠎ᠠ᠂ ᠠᠭᠠᠷᠤᠤᠯ᠂ ᠥᠷᠥᠮ᠎ᠡ ᠲᠣᠰᠣ ᠡᠯᠳᠡᠪ ᠠᠮᠲᠠᠲᠠᠨ ᠰᠢᠷᠡᠭᠡ ᠳᠦᠭᠦᠷᠡᠩ ᠦᠷᠦᠭᠳᠡᠬᠦ ᠶ᠋ᠢ ᠬᠠᠷᠠᠭᠰᠠᠨ ᠬᠥᠮᠦᠨ ᠦ᠌ ᠬᠣᠳᠣᠭᠠᠳᠣ ᠠᠭᠰᠢᠵᠤ ᠴᠠᠳᠬᠣᠯᠳᠣᠮᠠᠷ ᠪᠠᠶᠠᠨ ᠴᠠᠳᠬᠤᠯᠠᠩ᠃ ᠴᠠᠢ ᠶᠢᠨ ᠳᠠᠷᠠᠭ᠎ᠠ ᠬᠡᠳᠦᠨ ᠶᠠᠩᠵᠤ ᠶ᠋ᠢᠨ ᠬᠢᠲᠠᠳ ᠠᠷᠢᠬᠢᠨ ᠤ᠋ ᠵᠠᠭᠤᠰᠢ ᠨᠠᠨ ᠲᠡᠷᠡ ᠶᠠᠩᠵᠤᠯᠠᠭᠳᠠᠵᠤ᠂ ᠪᠣᠯᠣᠷ ᠬᠤᠨᠳᠠᠭᠠᠨ ᠳ᠋ᠤ᠌ ᠬᠠᠷ᠎ᠠ ᠠᠷᠢᠬᠢ ᠮᠡᠯᠮᠡᠯᠵᠡᠪᠡ᠃ ᠲᠣᠣᠷ ᠵᠠᠰᠠᠯ ᠲᠠᠢ ᠡᠬᠡᠮᠦᠭ ᠵᠡᠭᠦᠭ᠍ᠰᠡᠨ ᠢᠨᠵᠢ ᠬᠡᠦᠬᠡᠨ ᠬᠣᠣᠰ ᠬᠣᠣᠰ ᠢᠶᠠᠷ ᠢᠷᠡᠵᠦ ᠵᠣᠴᠢᠨ ᠳᠤ ᠠᠷᠢᠬᠢ ᠪᠠᠷᠢᠨ᠎ᠠ᠃ ᠤᠷᠠᠳ ᠶᠣᠰᠣ ᠪᠠᠷ ᠭᠤᠷᠪᠠᠨ ᠲᠤᠭᠤᠷ᠎ᠠ ᠠᠷᠢᠬᠢ ᠵᠠᠰᠠᠭᠳᠠᠬᠤ ᠳᠤ ᠢᠬᠢᠷ᠎ᠡ ᠲᠥᠷᠥᠯ᠎ᠡ ᠬᠡᠮᠡᠷ ᠠᠪ ᠠᠳᠠᠯᠢᠬᠠᠨ ᠬᠣᠶᠠᠷ ᠮᠥᠩᠭᠦ ᠱᠢᠷᠦ ᠶᠢᠨ ᠲᠣᠯᠣᠭᠠᠢ ᠶᠢᠨ ᠵᠢᠮᠰᠡᠭ ᠲᠠᠢ ᠴᠢᠷᠠᠢᠯᠢᠭ ᠪᠦᠰᠡᠭᠦᠢ ᠠᠶ᠎ᠠ ᠪᠠᠷᠢᠵᠤ ᠴᠣᠭᠴᠠᠯᠠᠭᠰᠠᠨ ᠪᠤᠶᠠᠨ ᠡᠷᠲᠡ ᠶᠢᠨ ᠢᠷᠦᠭᠡᠯ ᠪᠤᠶᠠᠨ ᠦᠯᠡᠮᠵᠢ ᠶᠢᠨ ᠪᠤᠶᠠᠨ ᠭᠡᠬᠦ ᠭᠤᠷᠪᠠᠨ ᠪᠤᠶᠠᠨ ᠤ ᠬᠦᠷᠦ ᠳᠠᠭᠤᠤ ᠡᠷᠭᠦᠬᠦ ᠳᠦ ᠣᠯᠠᠨ ᠢᠶᠡᠷ ᠢᠶᠡᠨ ᠠᠶ᠎ᠠ ᠬᠠᠮᠰᠠᠨ ᠳᠠᠭᠤᠯᠠᠵᠠᠭᠠᠪᠠ᠃ ᠨᠠᠢᠢᠷ ᠢᠩᠬᠢᠵᠦ ᠬᠥᠭ᠍ᠲᠡᠢ ᠶᠠᠪᠤᠭᠳᠠᠵᠣ ᠪᠠᠢᠭ᠎ᠠ ᠳᠤ ᠴᠣᠯ ᠪᠦᠲᠦᠨ ᠠᠭᠠᠷᠦ ᠶᠢ ᠰᠡᠢᠯᠵᠦ ᠤᠷᠠᠯᠠᠭᠰᠠᠨ ᠨᠠᠢ᠍ᠮᠠᠨ ᠲᠠᠬᠢᠯ ᠤᠨ ᠰᠡᠢᠯᠪᠤᠷᠢ ᠵᠢᠷᠤᠭ ᠲᠠᠢ ᠤᠷᠲᠤᠯᠵᠢᠨ ᠠᠭᠠᠷᠤᠨ ᠴᠠᠷ᠎ᠠ ᠳᠤ ᠪᠠᠷᠤᠭ ᠯᠠ ᠦᠵᠡᠭᠡᠳ ᠴᠠᠳᠴᠢᠬᠠᠬᠤ ᠤᠭᠤᠴᠠ ᠣᠷᠣᠵᠤ ᠢᠷᠡᠪᠡ᠃
ᠵᠤᠳᠪᠠ ᠮᠡᠢᠷᠡᠨ ᠬᠠᠳᠠᠭ ᠳᠡᠯᠭᠡᠨ᠄
ᠣᠮ ᠰᠠᠢᠨ ᠠᠮᠤᠭᠤᠯᠠᠩᠳᠠᠨ ᠪᠣᠯᠲᠤᠭᠠᠢ !
ᠡᠩᠬᠡ ᠰᠠᠢᠨ ᠵᠢᠷᠭᠠᠯᠡᠩᠳᠡᠨ ᠪᠣᠯᠲᠤᠭᠠᠢ !
ᠠᠷᠪᠠᠨ ᠵᠦᠭ ᠢ᠋ ᠲᠤᠭᠤᠯᠤᠭᠰᠠᠨ ᠪᠤᠷᠠᠬᠤᠨ ᠤ᠋
ᠷᠠᠰᠢᠶᠠᠨ ᠬᠦᠴᠦᠨ ᠲᠡᠭᠦᠰᠦᠭᠰᠡᠨ ᠢᠳᠡᠭᠡᠨ ᠦ᠌ ᠳᠡᠭᠡᠵᠢ
ᠰᠢᠳ᠋ᠲᠦᠯᠡᠩ ᠬᠣᠨᠢ ᠪᠠᠷ
ᠰᠢᠭᠦᠰᠦ ᠪᠣᠯᠭᠠᠨ ᠲᠠᠯᠪᠢᠭᠰᠠᠨ
ᠰᠢᠲᠦᠭᠡᠨ ᠪᠤᠷᠬᠠᠨ ᠳ᠋ᠤ᠌
ᠨᠢᠨᠳᠠᠷ ᠪᠣᠯᠭᠠᠨ ᠲᠠᠯᠪᠢᠭᠰᠠᠨ
ᠬᠤᠷᠠᠭᠠᠨ ᠬᠣᠨᠢ ᠪᠠᠷ
ᠰᠢᠭᠦᠰᠦ ᠪᠣᠯᠭᠠᠨ ᠲᠠᠯᠪᠢᠭᠰᠠᠨ
ᠬᠤᠷᠠᠭᠰᠠᠨ ᠪᠦᠬᠦᠨ ᠳ᠋ᠦ᠍
ᠢᠳᠡᠭᠡᠨ ᠪᠣᠯᠭᠠᠨ ᠲᠠᠯᠪᠢᠭᠰᠠᠨ
ᠲᠣᠭᠣᠷᠤᠤ ᠡᠪᠡᠷ ᠲᠡᠢ
ᠲᠥᠭᠥᠷᠢᠭ ᠰᠡᠭᠦᠯ ᠲᠡᠢ
ᠬᠠᠨ᠎ᠠ ᠶ᠋ᠢᠨ ᠴᠢᠨᠡᠭᠡᠨ ᠪᠡᠶ᠎ᠡ ᠲᠡᠢ
ᠬᠠᠪᠠᠭᠠᠰᠤ ᠶ᠋ᠢᠨ ᠴᠢᠨᠡᠭᠡᠨ ᠰᠡᠭᠦᠯ ᠲᠡᠢ
ᠠᠴᠠ ᠳᠥᠷᠪᠡᠨ ᠲᠤᠭᠤᠷᠠᠢ ᠲᠠᠢ
ᠠᠬᠤᠷ ᠵᠢᠶᠢᠭᠤᠭᠠᠨ ᠬᠦᠵᠦᠭᠦᠦ ᠲᠡᠢ
ᠠᠷᠪᠠᠨ ᠬᠣᠶᠠᠷ ᠰᠡᠭᠡᠷ ᠲᠡᠢ
ᠬᠣᠷᠢᠨ ᠳᠥᠷᠪᠡᠨ ᠬᠠᠪᠢᠷᠭ᠎ᠠ ᠲᠠᠢ
ᠬᠣᠲᠣᠭᠣᠷ ᠨᠠᠢ᠍ᠮᠠᠨ ᠨᠢᠷᠤᠭᠤ ᠲᠠᠢ
ᠠᠬᠤᠷ ᠳᠥᠷᠪᠡᠨ ᠰᠦᠪᠡᠷᠭᠡ ᠲᠡᠢ
ᠮᠠᠩᠬᠠᠨ ᠴᠠᠭᠠᠨ ᠬᠣᠨᠢ ᠪᠠᠨ
ᠮᠠᠩᠨᠠᠢ ᠴᠠᠭᠠᠨ ᠵᠤᠮ᠎ᠠ ᠪᠣᠯᠭᠠᠵᠤ
ᠠᠷᠪᠠᠨ ᠵᠦᠭ ᠡᠴᠡ ᠵᠠᠯᠠᠷᠠᠵᠤ ᠢᠷᠡᠭᠰᠡᠨ
ᠠᠬ᠎ᠠ ᠳᠡᠭᠦᠦ ᠲᠠᠨ ᠳ᠋ᠠᠭᠠᠨ
ᠠᠭᠤᠷᠲᠠᠢ ᠶ᠋ᠢᠨ ᠡᠩᠭᠡᠷ ᠡᠴᠡ
ᠠᠰᠯᠠᠨ ᠴᠢᠭᠯᠡᠨ ᠢᠷᠡᠭᠰᠡᠨ
ᠤᠯᠠᠯᠵᠢ ᠶ᠋ᠢᠨ ᠵᠣ ᠠ᠋ᠴᠠ
ᠣᠨᠴᠠᠭᠠᠢᠯᠠᠨ ᠢᠷᠡᠭᠰᠡᠨ
ᠤᠬᠠᠭᠠᠨ ᠴᠢᠳᠠᠯ ᠲᠡᠩᠴᠡᠭᠰᠡᠨ
ᠤᠷᠠᠨ ᠰᠠᠮᠪᠠᠭ᠎ᠠ ᠬᠣᠣᠰᠯᠠᠭᠰᠠᠨ
ᠤᠷᠠᠳ ᠣᠯᠠᠨ ᠳ᠋ᠠᠭᠠᠨ ᠠᠯᠳᠠᠷᠲᠠᠢ
ᠤᠯᠠᠮ ᠪᠢᠳᠡᠨᠦᠰ ᠲᠡᠭᠡᠨ ᠬᠦᠨᠳᠦᠲᠡᠢ
ᠮᠠᠨ ᠤ᠋ ᠬᠤᠰᠢᠭᠤᠨ ᠳ᠋ᠠᠭᠠᠨ ᠴᠤᠤᠲᠠᠢ
ᠮᠠᠨᠤᠨᠪᠠᠳᠮᠡ ᠨᠠᠰᠤᠲᠠᠨ ᠲᠦᠷᠦᠭᠦᠲᠡᠢ ᠲᠠ ᠪᠦᠭᠦᠳᠡ ᠳ᠋ᠦ᠍
ᠢᠳᠡᠭᠡᠨ ᠦ᠌ ᠳᠡᠭᠡᠵᠢ ᠪᠣᠯᠭᠠᠨ
ᠡᠷᠭᠦᠨ ᠳᠡᠪᠰᠢᠭᠦᠯᠦᠶ᠎ᠡ! ᠭᠡᠵᠦ ᠢᠷᠦᠭᠡᠯ ᠤᠩᠰᠢᠪᠠ᠃ ᠲᠡᠭᠡᠭᠡᠳ ᠨᠢᠭᠡ ᠡᠷ᠎ᠡ ᠬᠠᠨᠴᠤᠢ ᠰᠢᠮᠠᠯᠠᠨ ᠵᠠᠭᠠᠨ ᠤ᠋ ᠶᠠᠰᠤᠨ ᠪᠠᠷᠢᠭᠤᠯ ᠲᠠᠢ ᠮᠣᠩᠭᠣᠯ ᠬᠢᠲᠤᠭ᠎ᠠ ᠪᠦᠵᠢᠭᠯᠡᠭᠦᠯᠵᠦ ᠤᠭᠤᠴᠠ ᠬᠥᠨᠳᠡᠨ ᠪᠦᠭᠦᠳᠡ ᠣᠯᠠᠨ ᠤ᠋ ᠰᠡᠳᠬᠢᠯ ᠢ᠋ ᠰᠡᠷᠭᠦᠭᠡᠨ ᠬᠥᠮᠦᠰ ᠲᠦ᠍ ᠶᠣᠰᠣᠲᠠᠢ ᠯᠠ᠂ ᠳᠠᠷᠬᠠᠨ ᠮᠣᠩᠭᠣᠯ ᠨᠤᠲᠤᠭ ᠲᠠᠭᠠᠨ ᠵᠠᠶᠠᠭᠠᠵᠤ ᠬᠤᠨᠳᠠᠭ᠎ᠠ ᠰᠡᠯᠭᠦᠯ ᠦᠭᠡᠢ ᠠᠷᠢᠬᠢ ᠤᠤᠭᠤᠵᠤ ᠬᠢᠲᠤᠭ᠎ᠠ ᠲᠠᠯᠪᠢᠯ ᠦᠭᠡᠢ ᠮᠢᠬ᠎ᠠ ᠢᠳᠡᠬᠦ ᠶ᠋ᠢᠨ ᠵᠢᠷᠭᠠᠯ ᠢ᠋ ᠡᠳ᠋ᠯᠡᠬᠦ ᠰᠢᠭ ᠰᠠᠢᠬᠠᠨ ᠶᠠᠭᠤᠮ᠎ᠠ ᠠᠯᠠᠭ᠎ᠠ ᠭᠡᠳᠡᠭ ᠲᠥᠷᠥᠭᠳᠡᠯ ᠥᠭᠭᠦᠨ᠎ᠡ᠃
ᠡᠯᠳᠡᠩᠭᠡ ᠶ᠋ᠢᠨ ᠲᠠᠯ᠎ᠠ ᠶ᠋ᠢᠨ ᠴᠡᠴᠡᠭ ᠰᠢᠭ ᠰᠠᠢᠬᠠᠨ ᠲᠥᠷᠥᠭᠰᠡᠨ ᠠᠴᠢ ᠥᠬᠢᠨ ᠮᠠᠨᠤᠬᠤᠸᠠᠷ ᠮᠥᠩᠭᠥᠨ ᠴᠥᠭᠦᠴᠡᠨ ᠳ᠋ᠦ᠍ ᠠᠷᠢᠬᠢ ᠭᠡᠮᠨᠡᠨ ᠡᠯᠳᠡᠩᠭᠡ ᠮᠠᠨᠤᠪᠠᠳᠮᠡ ᠬᠣᠶᠠᠷ ᠨᠠᠰᠤᠲᠠᠨ ᠠ᠋ᠴᠠ ᠡᠬᠢᠯᠡᠵᠦ ᠠᠷᠢᠬᠢ ᠪᠠᠷᠢᠪᠠ᠃ ᠨᠥᠭᠦᠭᠡ ᠰᠠᠭᠠᠲᠠᠭᠰᠠᠨ ᠭᠡᠢᠴᠢᠳ ᠲᠡᠭᠡᠨ ᠳᠠᠭᠤᠤ ᠡᠷᠭᠦᠵᠦ᠄
ᠬᠤᠨᠳᠠᠭᠠᠨ ᠳ᠋ᠠᠭᠠᠨ ᠬᠡᠮᠨᠡᠭᠡᠳ ᠥᠭᠭᠦᠭᠰᠡᠨ
ᠬᠣᠣᠷᠠᠵᠠ ᠯᠠ ᠪᠠᠢᠨ᠎ᠠ ᠠ᠋ ᠳᠠᠩᠵᠢᠶᠠᠳᠤᠨ ᠠ᠋ ᠬᠦ
ᠬᠤᠷᠢᠮ ᠢ᠋ᠶ᠋ᠠᠷ ᠰᠠᠭᠠᠲᠠᠭᠰᠠᠨ ᠬᠦᠨᠳᠦᠲᠦ ᠲᠠᠨ ᠳ᠋ᠠᠭᠠᠨ
ᠬᠣᠶᠠᠷ ᠭᠠᠷ ᠢ᠋ᠶ᠋ᠠᠷ ᠢ᠋ᠶ᠋ᠠᠨ ᠪᠠᠷᠢᠵᠤ ᠪᠠᠢᠨ᠎ᠠ ᠠ᠋ ᠬᠦ
ᠪᠠᠩᠵᠠᠨ ᠳ᠋ᠠᠭᠠᠨ ᠵᠠᠰᠠᠭᠠᠳ ᠥᠭᠭᠦᠭᠰᠡᠨ
ᠪᠠᠷᠠᠵᠠ ᠯᠠ ᠶᠤᠮ ᠠ᠋ ᠳᠠᠩᠵᠢᠶᠠᠳᠤᠨ ᠠ᠋ ᠬᠦ
ᠪᠠᠶᠠᠷ ᠢ᠋ᠶ᠋ᠠᠷ ᠢᠷᠡᠭᠰᠡᠨ ᠴᠣᠭᠪᠠᠭᠠᠲᠤᠷ ᠲᠠᠨ ᠳ᠋ᠠᠭᠠᠨ
ᠪᠠᠷᠠᠭᠤᠨ ᠭᠠᠷ ᠢ᠋ᠶ᠋ᠠᠷ ᠢ᠋ᠶ᠋ᠠᠨ ᠪᠠᠷᠢᠵᠤ ᠪᠠᠢᠨ᠎ᠠ ᠬᠦ
ᠵᠦᠩᠰᠡᠨ ᠳ᠋ᠡᠭᠡᠨ ᠬᠢᠭᠡᠳ ᠥᠭᠭᠦᠭᠰᠡᠨ
ᠵᠦᠷᠡᠵᠡ ᠯᠡ ᠶᠦᠮ ᠠ᠋ ᠳᠠᠩᠵᠢᠶᠠᠳᠤᠨ ᠬᠦ ᠁ ᠭᠡᠵᠦ ᠨᠠᠬᠢᠰ ᠨᠣᠬᠠᠰ ᠬᠢᠨ ᠭᠡᠢᠴᠢᠨ ᠵᠣᠴᠢᠨ ᠳ᠋ᠠᠭᠠᠨ ᠳᠠᠭᠤᠤ ᠲᠠᠢ ᠠᠷᠢᠬᠢ ᠪᠠᠷᠢᠬᠤ ᠳ᠋ᠤᠨᠢ ᠴᠣᠭᠪᠠᠭᠠᠲᠤᠷ ᠨᠠᠮᠵᠢᠯ ᠨᠠᠷ《ᠠᠶ᠎ᠠ᠂ ᠶᠠᠮᠠᠷ ᠭᠣᠶᠣ ᠬᠡᠦᠬᠡᠨ ᠪᠣᠢ᠂ ᠶᠠᠭᠠᠬᠢᠭᠰᠠᠨ ᠰᠠᠢᠬᠠᠨ ᠳᠠᠭᠤᠤ ᠪᠣᠢ》 ᠭᠡᠬᠦ ᠰᠢᠭ ᠪᠠᠷᠢᠭᠰᠠᠨ ᠪᠠᠷᠢᠭ᠎ᠠ ᠦᠭᠡᠢ ᠠᠷᠢᠬᠢ ᠶ᠋ᠢ ᠤᠰᠤ ᠰᠢᠭ᠋ ᠤᠤᠭᠤᠵᠤ ᠪᠠᠢᠯ᠎ᠠ᠃
ᠨᠠᠢᠷ ᠰᠠᠢᠬᠠᠨ ᠶᠠᠪᠤᠭᠳᠠᠵᠤ ᠨᠠᠢᠷᠴᠢᠳ ᠨᠠᠭᠠᠰᠢ ᠴᠠᠭᠠᠰᠢ ᠨᠠᠢᠭᠤᠵᠤ ᠡᠬᠢᠯᠡᠯ᠎ᠡ᠃ ᠨᠠᠩᠴᠢᠳ ᠳᠡᠮᠡᠢ ᠳᠠᠭᠠᠭᠠᠳᠠᠭ ᠦᠭᠡᠢ ᠨᠠᠮᠵᠢᠯ ᠤ᠋ᠨ ᠨᠢᠳᠦ ᠨᠢ ᠲᠣᠭᠲᠠᠵᠤ ᠨᠥᠭᠦᠭᠡ ᠡᠲᠡᠭᠡᠳ ᠨᠢ ᠨᠢᠳᠦᠨ ᠳ᠋ᠤᠨᠢ ᠭᠤᠷᠪᠠ ᠪᠣᠯᠵᠤ ᠬᠠᠷᠠᠭᠳᠠᠭᠠᠳ ᠦᠭᠡ ᠪᠡᠨ ᠴᠦ᠍ ᠬᠡᠯᠡᠵᠦ ᠭᠠᠷᠬᠤ ᠦᠭᠡᠢ ᠠᠮᠠ ᠨᠢ ᠮᠤᠷᠤᠯᠵᠠᠪᠠᠴᠤ᠄ 《ᠪᠢ ᠰᠣᠭᠲᠣᠭ᠎ᠠ ᠦᠭᠡᠢ ᠡ! ᠰᠣᠯᠣᠭᠠᠢ ᠨᠠᠮᠵᠢᠯ ᠨᠠᠮᠠᠶ᠋ᠢ ᠲᠠ ᠨᠠᠷ ᠮᠡᠳᠡᠬᠦ ᠦᠭᠡᠢ ᠴᠦ᠍ ᠪᠢᠰᠢ ᠳ᠋ᠠ! ᠪᠠᠷᠠᠭᠤᠨ ᠬᠣᠰᠢᠭᠤ ᠪᠠᠷᠤᠭᠯᠠᠵᠤ᠂ ᠳᠤᠮᠳᠠᠳᠤ ᠬᠣᠰᠢᠭᠤ ᠲᠤᠨᠲᠠᠷᠠᠭᠤᠯᠳᠠᠭ ᠰᠢᠦ ᠳᠡ! ᠲᠡᠢᠮᠦ ᠤᠤ᠂ ᠬᠡᠩ ᠁ ᠪᠠᠷᠠᠭᠤᠨ ᠬᠣᠰᠢᠭᠤ ᠲᠠᠢᠵᠢ ᠤᠳᠤᠮ ᠲᠠᠰᠤᠷᠠᠭ᠎ᠠ ᠦᠭᠡᠢ ᠪᠢᠵᠡ? ᠬᠡᠩ! ᠮᠠᠭᠤ ᠪᠠᠷᠯᠤᠭ ᠤ᠋ᠨ ᠁ ᠦᠯᠥᠭᠴᠢᠨ ᠡᠮ᠎ᠡ ᠪᠡᠷ ᠮᠤᠬᠤᠷ ᠵᠠᠰᠬᠠᠯᠠᠭᠤᠯᠳᠠᠭ ᠨᠢ ᠬᠣᠬᠢᠨ ᠳ᠋ᠠᠭᠠᠨ ᠁ 》 ᠭᠡᠵᠦ ᠳᠡᠭᠡᠷ᠎ᠡ ᠳᠣᠣᠷ᠎ᠠ ᠣᠷᠢᠯᠠᠨ ᠣᠷᠣᠨ ᠳ᠋ᠠᠭᠠᠨ ᠲᠥᠪ ᠰᠠᠭᠤᠵᠤ ᠴᠢᠳᠠᠯ ᠦᠭᠡᠢ᠂ ᠪᠦᠭᠰᠡ ᠨᠢ ᠥᠲᠥᠴᠢᠬᠡᠭᠰᠡᠨ ᠰᠢᠭ ᠪᠠᠢᠪᠠ᠃
ᠵᠤᠳᠪᠠ ᠭᠤᠸᠠᠢ ᠴᠣᠬᠪᠠᠭᠠᠲᠤᠷ ᠤ᠋ᠨ ᠡᠪᠦᠳᠦᠭ ᠢ᠋ ᠢᠯᠪᠢᠵᠦ᠄
— ᠡᠨᠡ ᠥᠬᠢᠨ〈ᠮᠠᠨᠤᠬᠤᠸᠠᠷ〉ᠶᠠᠮᠠᠷ ᠪᠣᠢ? ᠴᠢᠮ᠎ᠠ ᠳ᠋ᠤ᠌ ᠰᠠᠨᠠᠭ᠎ᠠ ᠲᠠᠢ ᠪᠣᠯᠴᠢᠬᠠᠭᠰᠠᠨ ᠪᠢᠰᠢ ᠪᠢᠵᠡ ! ᠴᠢ ᠮᠢᠨᠢ ᠁ ᠭᠡᠬᠦ ᠳ᠋ᠦ᠍ ᠴᠤᠭᠪᠠᠭᠠᠲᠤᠷ ᠲᠡᠭᠦᠨ ᠦ᠌ ᠦᠭᠡ ᠶ᠋ᠢ ᠲᠠᠰᠤᠯᠵᠤ᠄
— ᠠ᠂ ᠬᠠᠮᠢᠶ᠎ᠠ ᠦᠭᠡᠢ᠂ ᠬᠠᠮᠢᠶ᠎ᠠ ᠦᠭᠡᠢ ᠭᠡᠳ ᠴᠣᠭᠪᠠᠭᠠᠲᠤᠷ᠂ ᠡᠯᠳᠡᠩᠭᠡ ᠪᠣᠯᠤᠨ ᠡᠬᠡ ᠬᠣᠶᠠᠷ ᠢ᠋ ᠪᠡᠨ ᠰᠣᠨᠣᠰᠤᠭᠤᠵᠠᠢ ᠭᠡᠵᠦ ᠨᠢᠭᠡ ᠨᠢᠳᠦ ᠪᠡᠨ ᠠᠨᠢᠰᠬᠢᠨ ᠵᠤᠳᠪᠠ ᠶ᠋ᠢᠨ ᠴᠢᠬᠢᠨ ᠳ᠋ᠦ᠍《 ᠪᠠᠢᠵᠠ᠂ ᠪᠠᠢᠵᠠ ᠬᠣᠶᠠᠷ ᠨᠠᠰᠤᠲᠠᠨ ᠬᠠᠷᠠᠵᠤ ᠪᠠᠢᠬᠤ ᠳ᠋ᠤ᠌᠂ ᠲᠠ ᠵᠦᠭᠡᠷ ᠁ 》 ᠭᠡᠬᠦ ᠪᠡᠷ ᠵᠤᠳᠪᠠ《ᠮᠡᠳᠡᠯ᠎ᠡ》 ᠭᠡᠰᠡᠨ ᠰᠢᠤᠬᠡᠨ ᠳᠠᠬᠢᠭᠠᠳ ᠴᠣᠭ᠋ᠠᠪᠠᠭᠠᠲᠤᠷ ᠤ᠋ᠨ ᠴᠢᠬᠢᠨ ᠳ᠋ᠦ᠍ ᠤᠷᠤᠭᠤᠯ ᠢ᠋ᠶ᠋ᠠᠨ ᠨᠠᠭᠠᠵᠤ ᠨᠢᠭᠡ ᠶᠠᠭᠤᠮ᠎ᠠ ᠰᠢᠪᠡᠨᠡᠨ᠎ᠡ᠃ ᠳᠠᠷᠠᠭ᠎ᠠ ᠨᠢ ᠬᠣᠶᠠᠭᠤᠯᠠ ᠨᠢᠭᠡ ᠨᠢᠭᠡᠨ ᠢ᠋ᠶ᠋ᠡᠨ ᠬᠠᠷᠠᠭᠠᠳ ᠶᠡᠬᠡᠳᠡ ᠰᠠᠨᠠᠭ᠎ᠠ ᠨᠢ ᠲᠠᠯᠪᠢᠭᠤᠷᠠᠨ ᠬᠥᠬᠥᠷᠡᠯᠳᠦᠨᠡ᠃
ᠬᠠᠯᠠᠮᠰᠠᠭᠰᠠᠨ ᠬᠥᠮᠦᠰ ᠰᠠᠨᠠᠭ᠎ᠠ ᠤᠶᠠᠰᠴᠤ᠂ ᠦᠬᠡᠷ ᠲᠠᠭᠤᠭᠰᠠᠨ ᠬᠥᠮᠦᠨ ᠰᠢᠭ ᠳᠠᠭᠤ ᠨᠢ ᠥᠨᠳᠥᠷᠵᠢᠵᠦ ᠢᠷᠡᠪᠡ᠃ ᠨᠠᠢᠷ ᠤ᠋ᠨ ᠵᠠᠮᠪᠠᠷᠠᠭ᠎ᠠ ᠰᠤᠯᠠᠷᠠᠵᠤ ᠢᠷᠡᠬᠦ ᠳ᠋ᠦ᠍ ᠵᠤᠳᠪᠠ ᠭᠤᠸᠠᠢ ᠴᠤ᠌ ᠨᠡᠯᠢᠶᠡᠳ ᠬᠠᠯᠠᠮᠰᠠᠵᠤ᠂ ᠬᠦᠷᠡᠩ ᠪᠣᠷᠣ ᠴᠢᠷᠠᠢ ᠨᠢ ᠴᠢᠰ ᠤᠯᠠᠢᠵᠤ ᠠᠪᠢᠶᠠᠰ ᠨᠢ ᠢᠪᠢᠯᠦᠭᠡ ᠪᠣᠯᠤᠯᠲᠠᠢ᠄
— ᠲᠤᠰᠠᠯᠠᠭᠴᠢ ᠨᠣᠶᠠᠨ ᠠ᠋᠂ ᠠᠮᠪᠠᠨ ᠨᠠᠷ ᠠ᠋! ᠠᠩᠬᠠᠷᠴᠤ ᠰᠣᠨᠣᠰᠤᠨ᠎ᠠ ᠤᠤ ᠲᠠ ᠨᠠᠷ᠂ ᠪᠢ ᠡᠷᠭᠢᠨ ᠣᠯᠠᠨ ᠠᠬ᠎ᠠ ᠳᠡᠭᠦᠦ ᠨᠠᠷ ᠲᠠᠭᠡᠨ ᠥᠪᠡᠷ ᠢ᠋ᠶ᠋ᠡᠨ ᠵᠣᠬᠢᠶᠠᠭᠰᠠᠨ ᠨᠢᠭᠡ ᠳᠠᠭᠤᠤ ᠪᠠᠨ ᠡᠷᠭᠦᠶ᠎ᠡ ᠭᠡᠬᠦ ᠳ᠋ᠦ᠍ ᠨᠠᠢᠷ ᠤ᠋ᠨ ᠬᠥᠮᠦᠰ ᠲᠡᠷᠡ ᠵᠦᠭ ᠲᠦ᠍ ᠬᠠᠷᠠᠭ᠎ᠠ ᠰᠢᠯᠵᠢᠭᠦᠯᠪᠡᠯ᠂
ᠭᠦᠶᠦᠳᠡᠯ ᠵᠢᠷᠣᠭ᠎ᠠ ᠮᠣᠷᠢ ᠪᠠᠢᠨ᠎ᠠ
ᠭᠦᠷᠦᠨ ᠳ᠋ᠡᠭᠡᠨ ᠠᠯᠳᠠᠷᠲᠠᠢ ᠴᠤᠭᠪᠠᠭᠠᠲᠤᠷ ᠪᠠᠢᠨ᠎ᠠ
ᠭᠦᠢᠴᠡᠳ ᠴᠡᠷᠢᠭ ᠢ᠋ᠶ᠋ᠡᠨ ᠵᠠᠬᠢᠷᠳᠠᠭ ᠳᠠ
ᠬᠦᠩ ᠦ᠋ᠨ ᠬᠤᠪᠢᠶᠠᠷᠢ ᠶ᠋ᠢ ᠣᠯᠤᠭ ᠳᠠ
ᠳᠡᠯᠡᠬᠡᠢ ᠶ᠋ᠢᠨ ᠨᠠᠷᠠ ᠶ᠋ᠢ ᠪᠠᠢᠬᠤ ᠳ᠋ᠤ᠌
ᠳ᠋ᠧᠩ ᠦ᠋ᠨ ᠭᠡᠷᠡᠯ ᠢ᠋ᠶ᠋ᠡᠷ ᠶᠠᠭᠤ ᠬᠢᠬᠦ ᠪᠣᠢ
ᠳᠡᠮᠡᠢ ᠬᠡᠦᠬᠡᠳ ᠢ᠋ ᠡᠷᠭᠦᠭᠡᠳ
ᠳᠡᠭᠡᠳᠦ ᠨᠣᠶᠠᠳ ᠢ᠋ ᠬᠠᠭᠤᠷᠪᠠ ᠁ ᠭᠡᠬᠦ ᠳ᠋ᠦ᠍ ᠪᠦᠭᠦᠳᠡ ᠣᠯᠠᠨ ᠴᠤᠭᠪᠠᠭᠠᠲᠤᠷ ᠢ᠋ ᠰᠢᠷᠳᠡᠵᠦ《ᠵᠠ᠂ ᠮᠥᠨ ᠪᠠᠢᠨ᠎ᠠ》 ᠭᠡᠰᠡᠨ ᠰᠢᠭ ᠱᠤᠤᠭᠢᠯᠳᠤᠪᠠ᠃ ᠡᠨᠡ ᠬᠣᠭᠣᠷᠣᠨᠳᠣ ᠮᠠᠨᠤᠬᠤᠸᠠᠷ ᠴᠤᠭᠪᠠᠭᠠᠲᠤᠷ ᠤ᠋ᠨ ᠬᠣᠨᠳᠠᠭᠠᠨ ᠳ᠋ᠤ᠌ ᠠᠷᠢᠬᠢ ᠵᠠᠰᠠᠩᠭᠠᠨ᠄
ᠯᠣᠩᠬᠣᠨ ᠳᠣᠲᠣᠷ᠎ᠠ ᠪᠠᠨ ᠪᠠᠢᠬᠤᠢ ᠳ᠋ᠤᠷ
ᠨᠣᠮᠣᠬᠠᠨ ᠬᠠᠷ᠎ᠠ ᠠᠷᠠᠵᠠ ᠯᠠ ᠪᠠᠢᠨ᠎ᠠ
ᠨᠣᠶᠠᠨ ᠲᠠᠨ ᠳ᠋ᠠᠭᠠᠨ ᠪᠠᠷᠢᠬᠤᠢ ᠳ᠋ᠤᠷ
ᠳᠣᠭᠰᠢᠨ ᠬᠠᠷ᠎ᠠ ᠠᠷᠢᠬᠢ ᠯᠠ ᠪᠠᠢᠨ᠎ᠠ ᠭᠡᠬᠦ ᠳ᠋ᠦ᠍ ᠪᠦᠭᠦᠳᠡᠭᠡᠷ ᠠᠶ᠎ᠠ ᠲᠦᠷᠡᠨ᠄
ᠠᠶᠠᠰ ᠮᠠᠨ ᠳ᠋ᠠᠭᠠᠨ ᠰᠠᠢᠨ
ᠦᠢᠯᠡᠰ ᠲᠠᠨ ᠳ᠋ᠠᠭᠠᠨ ᠰᠠᠢᠨ
ᠠᠢᠯᠠᠳᠬᠠᠵᠤ ᠪᠠᠷᠢᠶ᠎ᠠ ᠬᠦ ᠭᠡᠵᠦ ᠠᠶ᠎ᠠ ᠳᠠᠭᠤᠰᠬᠤ ᠠ᠋ᠴᠠ ᠡᠮᠦᠨ᠎ᠡ ᠳᠠᠭᠤᠴᠢᠨ ᠥᠬᠢᠨ ᠠᠶ᠎ᠠ ᠲᠣᠰᠴᠤ᠄
ᠪᠣᠳᠣᠩ ᠳᠣᠲᠣᠷ᠎ᠠ ᠪᠠᠨ ᠪᠠᠢᠬᠤᠢ ᠳ᠋ᠤᠷ
ᠪᠦᠯᠢᠶᠡᠨ ᠬᠠᠯᠠᠭᠤᠨ ᠠᠷᠠᠵᠠ ᠯᠠ ᠪᠠᠢᠨ᠎ᠠ
ᠪᠦᠭᠦᠳᠡᠭᠡᠷ ᠲᠠᠨ ᠳ᠋ᠠᠭᠠᠨ ᠪᠠᠷᠢᠬᠤᠢ ᠳ᠋ᠤᠷ
ᠭᠠᠯᠵᠠᠭᠤ ᠬᠠᠷ᠎ᠠ ᠠᠷᠢᠬᠢ ᠯᠠ ᠪᠠᠢᠨ᠎ᠠ
ᠠᠶᠠᠰ ᠮᠠᠨ ᠳ᠋ᠠᠭᠠᠨ ᠰᠠᠢᠨ
ᠦᠢᠯᠡᠰ ᠲᠠᠨ ᠳ᠋ᠠᠭᠠᠨ ᠰᠠᠢᠨ
ᠠᠢᠯᠠᠳᠬᠠᠵᠤ ᠪᠠᠷᠢᠶ᠎ᠠ ᠬᠥ᠋ ᠁ ᠭᠡᠵᠦ ᠨᠠᠷᠭᠢᠯᠳᠤᠬᠤ ᠨᠠᠢᠷ ᠤ᠋ᠨ ᠬᠥᠭ ᠳᠠᠭᠤᠤ ᠰᠥᠨᠢ ᠶ᠋ᠢᠨ ᠨᠠᠮᠵᠢᠭᠤᠨ ᠢ᠋ ᠡᠪᠳᠡᠵᠦ ᠰᠣᠨᠵᠢᠷᠠᠩᠬᠠᠢ ᠦᠷᠭᠦᠯᠵᠢᠯᠡᠭᠰᠡᠭᠡᠷ ᠪᠠᠢᠪᠠ᠃
ᠦᠰᠦᠭ ᠠᠮᠢᠯᠠᠭᠤᠯᠤᠭᠰᠠᠨ ᠨᠢ᠄ <ᠬᠡᠯᠡ ᠪᠢᠴᠢᠭ> ᠬᠣᠯᠪᠣᠭ᠎ᠠ
