ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠳᠥᠷᠪᠡ> Хан мунын сүүрс < доорд > – Мөнх зохиоов ᠂Дөдгөөр бодь – Нэгдүгээр бүлэг <4>
ᠲᠦᠲᠦᠭᠡᠷ ᠪᠣᠲᠢ – ᠨᠢᠭᠡᠳᠦᠭᠡᠷ ᠪᠦᠯᠦᠭ <ᠳᠥᠷᠪᠡ>
ᠳᠥᠷᠪᠡ
ᠳᠠᠷᠢ ᠶ᠋ᠢᠨ ᠤᠲᠤᠭᠠᠨ ᠳ᠋ᠤ᠌ ᠬᠠᠬᠠᠭᠰᠠᠨ ᠤᠷᠠᠳ ᠨᠤᠲᠤᠭ ᠲᠤ᠌ ᠨᠠᠮᠤᠷ ᠡᠷᠲᠡ ᠰᠠᠭᠠᠳᠠᠵᠠᠢ᠃ ᠡᠪᠡᠰᠦᠨ ᠦ᠌ ᠲᠣᠯᠣᠭᠠᠢ ᠪᠤᠭᠤᠷᠤᠯᠲᠤᠨ ᠥᠷᠯᠥᠭᠡ ᠦᠳᠡᠰᠢ ᠵᠢᠪᠡᠭᠦᠨ ᠪᠠᠢᠯ᠎ᠠ᠃
ᠠᠩᠴᠢᠨᠵᠠᠪ ᠤ᠋ᠨ ᠴᠡᠷᠢᠭ ᠮᠢᠩᠭᠠᠨ ᠤ᠋ ᠲᠠᠯ᠎ᠠ᠂ ᠰᠠᠭᠠᠳᠠᠭ ᠤ᠋ᠨ ᠬᠠᠪᠢ ᠪᠠᠷ ᠥᠪᠥᠷ ᠲᠠᠯ᠎ᠠ ᠶ᠋ᠢᠨ ᠰᠤᠷᠠᠭ ᠴᠢᠮᠡᠭᠡ ᠶ᠋ᠢ ᠰᠣᠨᠣᠰᠤᠨ ᠪᠠᠢᠳᠠᠯ ᠢ᠋ ᠠᠵᠢᠭᠯᠠᠵᠤ ᠪᠠᠢᠪᠠ᠃ ᠡᠳᠡᠭᠡᠷ ᠲᠣᠯᠣᠭᠠᠢ ᠦᠭᠡᠢ ᠣᠷᠭᠣᠳᠠᠭᠤᠯ ᠤ᠋ᠨ ᠬᠠᠷ᠎ᠠ ᠴᠡᠷᠢᠭ ᠦ᠋ᠳ ᠠᠶᠠᠨᠳᠠᠭᠠᠨ ᠳᠡᠭᠡᠷᠡᠮ ᠲᠤᠨᠤᠭ᠎ᠠ ᠪᠣᠯᠵᠤ ᠨᠣᠮᠣᠬᠠᠨ ᠶᠠᠳᠠᠭᠤ ᠮᠠᠯᠴᠢᠨ ᠠᠷᠠᠳ ᠤ᠋ᠨ ᠮᠠᠯ ᠤᠨᠤᠭ᠎ᠠ ᠶ᠋ᠢ ᠲᠣᠨᠣᠵᠤ ᠳᠡᠭᠡᠷᠡᠮᠳᠡᠬᠦ ᠶ᠋ᠢ ᠦᠵᠡᠭᠡᠳ ᠲᠡᠳᠡᠭᠡᠷ ᠳᠡᠭᠡᠷᠡᠮ ᠦ᠋ᠨ ᠴᠡᠷᠢᠭ ᠦ᠋ᠨ ᠫᠤᠤ ᠰᠤᠮᠤ ᠶ᠋ᠢ ᠬᠤᠷᠢᠶᠠᠵᠤ᠂ ᠵᠠᠷᠢᠮ ᠢ᠋ ᠨᠢ ᠰᠢᠭᠤᠳ ᠤᠰᠠᠳᠬᠠᠵᠤ ᠵᠠᠯᠬᠠᠭᠠᠯ ᠦᠵᠡᠭᠦᠯᠪᠡ᠃
ᠨᠢᠭᠡ ᠡᠳᠦᠷ ᠠᠩᠴᠢᠨᠵᠠᠪ ᠤ᠋ᠨ ᠴᠡᠷᠢᠭ ᠨᠢᠭᠡ ᠲᠠᠷᠢᠶᠠᠴᠢᠨ ᠲᠣᠰᠬᠣᠨ ᠢ᠋ᠶ᠋ᠠᠷ ᠥᠩᠭᠡᠷᠡᠭᠰᠡᠨ ᠳ᠋ᠦ᠍ ᠨᠢᠭᠡᠨ ᠲᠠᠷᠢᠶᠠᠴᠢᠨ ᠡᠪᠦᠭᠡᠨ ᠠᠩᠴᠢᠨᠵᠠᠪ ᠤ᠋ᠨ ᠮᠣᠷᠢᠨ ᠤ᠋ ᠡᠮᠦᠨ᠎ᠡ ᠢᠷᠡᠵᠦ ᠰᠥᠭᠥᠳᠦᠭᠡᠳ᠄
一 ᠮᠣᠩᠭᠣᠯ ᠡᠪᠦᠭᠡ ᠮᠢᠨᠢ ᠠ᠋! ᠠᠮᠢ ᠠᠪᠤᠷᠠᠭᠠᠴᠢ ᠠ᠋!《ᠬᠠᠷ᠎ᠠ ᠨᠣᠬᠠᠢ》 ᠨᠤᠭᠤᠳ ᠪᠡᠷᠢ ᠶ᠋ᠢ ᠮᠢᠨᠢ ᠱᠠᠯᠳᠠᠩᠨᠠᠭᠤᠯᠤᠭᠠᠳ᠁ ᠪᠤᠤ ᠦᠵᠡᠭᠳᠡᠭᠰᠡᠨ ᠠᠳᠤᠭᠤᠰᠤ᠁ ᠭᠡᠵᠦ ᠡᠭᠡᠷᠡᠨ ᠤᠬᠢᠯᠠᠪᠠ᠃
— ᠵᠠ᠂ ᠲᠠ ᠪᠣᠰ! ᠪᠣᠰ! ᠬᠠᠮᠢᠭ᠎ᠠ ᠪᠣᠢ? ᠭᠡᠵᠦ ᠡᠪᠦᠭᠡᠨ ᠢ᠋ᠶ᠋ᠡᠷ ᠵᠠᠮᠴᠢᠯᠠᠭᠤᠯᠤᠨ ᠲᠣᠰᠬᠣᠨ ᠳ᠋ᠤ᠌ ᠣᠷᠣᠪᠠ᠃ ᠲᠡᠷᠡ ᠪᠠᠭᠤᠷᠠᠢᠬᠠᠨ ᠲᠠᠷᠢᠶᠠᠴᠢᠨ ᠠᠢᠯ ᠤ᠋ᠨ ᠨᠣᠣᠷᠬᠠᠢ ᠴᠠᠮᠪᠠᠨ ᠬᠡᠷᠡᠮ ᠢ᠋ ᠲᠣᠭᠣᠷᠢᠭᠤᠯᠤᠭᠠᠳ ᠬᠠᠷ᠎ᠠ ᠢᠰᠡᠭᠡᠢ ᠲᠣᠬᠣᠮ ᠪᠤᠶᠤ ᠬᠥᠨᠵᠢᠯᠡ ᠶ᠋ᠢᠨ ᠲᠠᠰᠤᠷᠬᠠᠢ ᠪᠥᠰ ᠳᠤᠬᠤᠭᠠᠰᠤᠲᠠᠢ᠂ ᠵᠠᠳᠠᠭᠠᠢ ᠣᠯᠣᠰᠣᠨ ᠨᠣᠭᠲᠣ ᠲᠠᠢ ᠡᠯᠵᠢᠭᠡ ᠮᠣᠷᠢ ᠤᠶᠠᠭᠠᠰᠤᠲᠠᠢ ᠬᠠᠷᠠᠭᠳᠠᠨ᠎ᠠ᠃ ᠬᠦᠷᠢᠶᠡᠨ ᠳ᠋ᠦ᠍ᠨᠢ ᠨᠢᠭᠡ ᠪᠦᠯᠦᠭ ᠳᠡᠭᠡᠷᠡᠮ ᠴᠡᠷᠢᠭ ᠦ᠋ᠳ ᠠᠨᠵᠢᠰᠤᠨ ᠤ᠋ ᠬᠢᠨᠢ ᠱᠠᠷ ᠢ᠋ ᠨᠤᠭᠤᠰᠤᠯᠴᠢᠬᠠᠭᠠᠳ ᠪᠤᠵᠢᠭᠢᠨᠠᠯᠳᠤᠵᠤ ᠪᠠᠢᠪᠠ᠃ ᠭᠡᠷ ᠳᠣᠲᠣᠷ᠎ᠠ ᠨᠢ ᠪᠦᠰᠡᠭᠦᠢ ᠬᠥᠮᠦᠨ ᠦ᠌ ᠮᠠ ᠮᠠ ᠶᠠ! ᠳᠠ ᠳᠠ ᠶᠠ(ᠮᠥᠮᠥ ᠠ᠋᠂ ᠠᠪᠤ ᠠ᠋)! ᠭᠡᠵᠦ ᠴᠢᠬᠠᠷᠠᠨ ᠣᠷᠢᠯᠠᠬᠤ ᠳᠠᠭᠤᠨ ᠴᠢᠬᠢ ᠬᠠᠳᠠᠨ ᠳᠤᠭᠤᠯᠳᠠᠨ᠎ᠠ᠁ ᠡᠳᠡᠭᠡᠷ ᠴᠡᠷᠢᠭ ᠦ᠋ᠨ ᠫᠤᠤ ᠵᠡᠪᠰᠡᠭ ᠢ᠋ ᠬᠤᠷᠢᠶᠠᠵᠤ ᠬᠡᠷᠡᠮ ᠦ᠋ᠨ ᠪᠤᠯᠤᠩ ᠳ᠋ᠤ᠌ ᠴᠠᠭᠠᠰᠢ ᠨᠢ ᠬᠠᠷᠠᠭᠤᠯᠤᠨ ᠲᠣᠩᠭᠣᠢᠯᠭᠠᠴᠢᠬᠠᠭᠠᠳ ᠭᠡᠷ ᠲᠦ᠍ ᠣᠷᠣᠵᠤ ᠣᠴᠢᠪᠠᠯ᠂ ᠯᠠᠮᠠ ᠭᠤᠷᠪᠠᠨ ᠡᠷᠳᠡᠨᠢ ᠠ᠋! ᠪᠤᠤ ᠦᠵᠡᠭᠳᠡ᠂ ᠨᠢᠭᠡ ᠡᠷ᠎ᠡ ᠵᠠᠯᠠᠭᠤ ᠡᠬᠡᠨᠡᠷ ᠦ᠋ᠨ ᠬᠥᠬᠥ ᠳᠠᠯᠠᠩ ᠢ᠋ ᠨᠢ ᠰᠠᠷᠪᠠᠢᠯᠭᠠᠨ ᠱᠠᠯᠳᠠᠩᠨᠠᠭᠤᠯᠴᠢᠬᠠᠭᠠᠳ ᠨᠤᠬᠤᠵᠤ ᠪᠠᠢᠪᠠ᠃ ᠬᠥᠭᠡᠷᠦᠬᠦᠢ ᠬᠡᠦᠬᠡᠳ ᠬᠥᠭᠰᠢᠨ ᠨᠢ ᠪᠦᠯᠲᠡᠩ ᠪᠦᠯᠲᠡᠩ ᠭᠡᠳ ᠬᠠᠨᠵᠤᠨ ᠤ᠋ ᠮᠤᠬᠤᠷ ᠲᠤ᠌ ᠪᠡᠮᠪᠡᠭᠡᠨᠡᠨᠡ᠁
ᠬᠠᠵᠠᠭᠤ ᠠ᠋ᠴᠠ ᠳᠠᠷᠠᠭ᠎ᠠ ᠵᠢᠰᠢᠶᠡᠨ ᠦ᠌ ᠡᠭᠡᠯᠵᠢ ᠶ᠋ᠢ ᠬᠦᠯᠢᠶᠡᠵᠦ ᠳᠡᠢᠯᠬᠦ ᠦᠭᠡᠢ ᠲᠠᠴᠢᠶᠠᠯ ᠤ᠋ᠨ ᠭᠠᠯ ᠳ᠋ᠤ᠌ ᠰᠢᠲᠠᠭᠰᠠᠨ ᠥᠭᠡᠷ᠎ᠡ ᠨᠢᠭᠡ ᠬᠠᠷ᠎ᠠ ᠴᠡᠷᠢᠭ ᠳᠡᠪᠬᠡᠴᠡᠨ ᠰᠠᠨᠳᠤᠷᠴᠤ《ᠬᠠ ᠬᠠ᠁》 ᠭᠡᠵᠦ ᠰᠢᠯᠦᠰᠦ ᠪᠡᠨ ᠥᠰᠥᠷᠬᠡᠨ ᠢᠨᠢᠶᠡᠨ᠎ᠡ᠃ ᠪᠠᠬ᠎ᠠ ᠨᠢ ᠬᠠᠨᠤᠭᠰᠠᠨ ᠢᠨᠢᠶᠡᠳᠦ᠂ ᠢᠴᠢᠭᠦᠷᠢ ᠶ᠋ᠢᠨ ᠲᠤᠢᠯ ᠳ᠋ᠤ᠌ ᠲᠤᠯᠤᠭᠰᠠᠨ ᠭᠤᠲᠤᠭᠠᠯ᠂ ᠡᠮᠭᠡᠨᠢᠯ ᠢ᠋ᠶ᠋ᠡᠨ ᠲᠣᠭᠠᠴᠢᠭᠰᠠ ᠮᠡᠭᠰᠢᠯ᠁ ᠡᠨᠡ ᠰᠢᠪᠡᠷ ᠪᠠᠢᠰᠢᠩ ᠳ᠋ᠤ᠌ ᠵᠣᠬᠢᠴᠠᠯ ᠠᠯᠳᠠᠭᠰᠠᠨ ᠭᠤᠨᠢᠭᠲᠤ ᠵᠦᠴᠦᠭᠡ ᠶ᠋ᠢ ᠬᠠᠷᠠᠭᠠᠳ ᠨᠢᠳᠦ ᠬᠠᠯᠢᠷᠠᠪᠠ᠃ ᠠᠩᠴᠢᠨᠵᠠᠪ ᠥᠨᠥᠬᠢ ᠱᠠᠯᠳᠠᠩ ᠡᠮ᠎ᠡ ᠶ᠋ᠢᠨ ᠭᠡᠳᠡᠰᠦᠨ ᠳᠡᠭᠡᠷ᠎ᠡ ᠲᠡᠢᠴᠢᠭᠢᠨᠡᠭᠡ ᠪᠣᠯᠬᠢ ᠡᠷ᠎ᠡ ᠶ᠋ᠢ ᠦᠰᠦᠳᠡᠵᠦ ᠠᠪᠤᠭᠠᠳ ᠠᠭᠤᠷᠯᠠᠭᠰᠠᠨ ᠳ᠋ᠠᠭᠠᠨ ᠮᠠᠩᠨᠠᠢ ᠳᠤᠮᠳᠠ ᠨᠢ ᠰᠤᠮᠤ ᠱᠠᠩᠨᠠᠪᠠ᠁
ᠡᠨᠡ ᠦᠶ᠎ᠡ ᠳ᠋ᠦ᠍ ᠴᠣᠭᠪᠠᠭᠠᠲᠤᠷ ᠴᠡᠷᠢᠭ ᠢ᠋ᠶ᠋ᠡᠨ ᠴᠤᠭᠯᠠᠭᠠᠵᠤ᠂ ᠬᠥᠩᠬᠥᠷ ᠵᠠᠮᠪᠠᠯ ᠢ᠋ᠶ᠋ᠠᠷ ᠬᠡᠰᠢᠭᠲᠡᠢ ᠶ᠋ᠢᠨ ᠴᠡᠷᠢᠭ ᠦ᠋ᠨ ᠪᠠᠢᠳᠠᠯ ᠢ᠋ ᠰᠤᠷᠠᠭᠯᠠᠭᠤᠯᠤᠭᠰᠠᠨ ᠳ᠋ᠤ᠌ ᠰᠢᠭᠤᠢᠲᠤ ᠶ᠋ᠢᠨ ᠠᠮᠠᠨ ᠳ᠋ᠤ᠌ ᠴᠢᠳᠬᠥᠷ ᠴᠦ᠍ ᠪᠠᠢᠳᠠᠭ ᠦᠭᠡᠢ᠃ ᠠᠯᠢ ᠤᠵᠠᠭᠤᠷ ᠤ᠋ᠨ ᠦᠭᠡᠢ ᠴᠡᠷᠢᠭ ᠮᠣᠷᠢ ᠪᠠᠨ ᠲᠠᠲᠠᠵᠤ ᠪᠠᠷ᠎ᠠ ᠰᠤᠷᠠᠭ ᠦᠭᠡᠢ ᠭᠣᠳᠣᠢᠴᠢᠬᠠᠯᠠ ᠭᠡᠰᠡᠨ ᠴᠢᠮᠡᠭᠡ ᠶ᠋ᠢ ᠰᠣᠨᠣᠰᠤᠭᠠᠳ ᠳᠡᠪᠡᠯ ᠳ᠋ᠡᠭᠡᠨ ᠪᠠᠭᠲᠠᠬᠤ ᠦᠭᠡᠢ ᠠᠭᠤᠷᠯᠠᠨ᠄《ᠮᠠᠭᠤ ᠬᠡᠰᠢᠭᠲᠡᠢ ᠴᠢ᠂ ᠴᠡᠷᠢᠭ ᠦ᠋ᠨ ᠵᠠᠷᠯᠢᠭ ᠳᠠᠭᠠᠬᠤ ᠦᠭᠡᠢ᠂ ᠡᠨᠡ ᠡᠴᠢᠭᠡ ᠶ᠋ᠢᠨ ᠢ᠋ᠶ᠋ᠡᠨ ᠵᠥᠪᠰᠢᠶᠡᠷᠡᠯ ᠦᠭᠡᠢ ᠪᠡᠷ ᠳᠤᠷ᠎ᠠ ᠪᠠᠷ ᠢ᠋ᠶ᠋ᠠᠨ ᠣᠩᠭᠣᠢᠴᠢᠬᠠᠳᠠᠭ ᠰᠠᠢᠨ ᠡᠷ᠎ᠡ ᠪᠠᠢᠵᠠᠢ ᠴᠢ! ᠮᠠᠭᠤ ᠴᠢᠰᠤ ᠶ᠋ᠢ ᠬᠤᠢ!》 ᠭᠡᠵᠦ ᠬᠠᠷᠢᠶᠠᠯ ᠲᠠᠯᠪᠢᠵᠤ ᠪᠠᠢᠲᠠᠯ᠎ᠠ ᠪᠠᠭ᠎ᠠ ᠬᠠᠲᠤᠨ ᠰᠧᠯᠢᠩ ᠡᠴᠡ ᠴᠣᠭᠪᠠᠭᠠᠲᠤᠷ ᠢ᠋ ᠦᠳᠲᠡᠷ ᠲᠦᠷᠭᠡᠨ ᠬᠦᠩ ᠦ᠋ᠨ ᠶᠠᠮᠤᠨ ᠳ᠋ᠤ᠌ ᠢᠷ᠎ᠡ ᠭᠡᠰᠡᠨ ᠳᠠᠯᠠᠪᠴᠢ ᠲᠠᠢ ᠲᠠᠬᠠᠷ ᠢᠷᠡᠭᠦᠯᠪᠡ᠃
ᠪᠠᠭ᠎ᠠ ᠬᠠᠲᠤᠨ ᠰᠧᠯᠢᠩ ᠲᠡᠷᠡ ᠡᠳᠦᠷ ᠵᠠᠩᠵᠤᠨ ᠶᠠᠮᠤᠨ ᠤ᠋ ᠴᠡᠷᠢᠭ ᠦ᠋ᠨ ᠯᠢᠦ ᠹᠦᠭᠤᠸᠠᠨ ᠤ᠋ ᠵᠢᠮᠡᠯᠡᠨ ᠳᠣᠩᠭᠣᠳᠤᠭᠰᠠᠨ ᠴᠠᠬᠢᠯᠭᠠᠨ ᠮᠡᠳᠡᠭᠡ ᠶ᠋ᠢ ᠭᠠᠷᠳᠠᠵᠤ ᠠᠪᠤᠭᠠᠳ ᠤᠴᠠᠭᠠᠷᠳᠠᠨ《ᠴᠣᠭᠪᠠᠭᠠᠲᠤᠷ ᠠ᠋᠂ ᠴᠣᠭᠪᠠᠭᠠᠲᠤᠷ᠂ ᠴᠢ ᠬᠡᠵᠢᠶ᠎ᠡ ᠲᠡᠷᠡ ᠳᠡᠭᠡᠷᠡᠮ ᠦ᠋ᠨ ᠵᠠᠩ ᠢ᠋ᠶ᠋ᠠᠨ ᠬᠠᠯᠠᠵᠤ ᠬᠥᠮᠦᠨ ᠪᠣᠯᠳᠠᠭ ᠪᠢᠯᠡ⁈》 ᠭᠡᠵᠦ ᠲᠡᠭᠦᠨ ᠢ᠋ ᠳᠠᠭᠤᠳᠠᠭᠤᠯᠤᠭᠰᠠᠨ ᠪᠠᠢᠨ᠎ᠠ᠃
ᠵᠠᠩ ᠠᠷᠠᠨᠰᠢᠨ ᠤ᠋ ᠬᠤᠪᠢ ᠳ᠋ᠤ᠌ ᠴᠣᠭᠪᠠᠭᠠᠲᠤᠷ ᠪᠠᠭ᠎ᠠ ᠬᠠᠲᠤᠨ ᠤ᠋ ᠪᠠᠴᠢᠮ ᠳᠠᠭᠤᠳᠠᠯᠭ᠎ᠠ ᠪᠠᠷ ᠲᠡᠷᠡ ᠳᠣᠣᠷ᠎ᠠ ᠪᠠᠨ ᠳᠠᠪᠬᠢᠭᠠᠳ ᠬᠦᠷᠴᠦ ᠵᠠᠬᠢᠶ᠎ᠠ ᠵᠠᠷᠯᠢᠭ ᠢ᠋ ᠮᠡᠬᠦᠢᠨ ᠬᠦᠯᠢᠶᠡᠳᠡᠭ ᠬᠥᠮᠦᠨ ᠪᠢᠰᠢ ᠪᠠᠢᠪᠠ᠃ ᠲᠡᠭᠦᠨ ᠳ᠋ᠦ᠍ ᠴᠡᠷᠢᠭ ᠦ᠋ᠨ ᠶᠣᠰᠣ ᠳᠢᠭᠯᠢᠮ ᠡᠨᠡ ᠲᠡᠷᠡ ᠭᠡᠬᠦ ᠴᠡᠭᠡᠷ ᠭᠣᠷᠢᠮ ᠶᠡᠷᠦ ᠡᠴᠡ ᠠᠯᠠᠭ᠎ᠠ᠃ ᠨᠡᠩ ᠴᠦ᠍ ᠪᠠᠭ᠎ᠠ ᠬᠠᠲᠤᠨ ᠢ᠋ ᠬᠡᠵᠢᠶᠡᠳᠡ ᠦᠯᠦ ᠲᠣᠭᠣᠮᠰᠠᠷᠯᠠᠬᠤ ᠤᠴᠢᠷ᠂ ᠡᠨᠡ ᠬᠦ᠌ ᠡᠮᠡᠭᠲᠡᠢ ᠰᠧᠯᠢᠩ ᠦ᠋ᠨ ᠵᠠᠷᠯᠢᠭ ᠢ ᠶᠠᠭᠠᠬᠢᠨ ᠲᠥᠪ ᠵᠣᠭᠰᠣᠨ ᠬᠦᠯᠢᠶᠡᠬᠦ ᠠᠵᠢ⁈ ᠲᠡᠷᠡ ᠪᠡᠷ ᠪᠠᠭ᠎ᠠ ᠬᠠᠲᠤᠨ ᠢ ᠰᠧᠯᠢᠩ ᠢ ᠳᠠᠭᠤᠳᠠᠵᠤ ᠢᠷᠡᠭᠦᠯᠦᠨ ᠡᠮᠦᠨ᠎ᠡ ᠪᠡᠨ ᠨᠣᠮᠣᠬᠠᠨ ᠵᠣᠭᠰᠣᠭᠠᠨ ᠬᠠᠷᠢᠶᠠᠬᠤ ᠯᠠ ᠳᠤᠲᠠᠨ᠎ᠠ᠃ ᠴᠣᠭᠪᠠᠭᠠᠲᠤᠷ ᠪᠠᠭ᠎ᠠ ᠬᠠᠲᠤᠨ ᠰᠧᠯᠢᠩ ᠢ ᠬᠦᠨᠳᠦᠳᠬᠡᠶ᠎ᠡ ᠭᠡᠳᠡᠭ ᠪᠣᠳᠣᠯ ᠴᠠᠭᠠᠨ᠎ᠠ ᠠ᠋ᠴᠠ ᠪᠠᠨ ᠳᠥᠷᠥᠭᠡ ᠦᠭᠡᠢ ᠪᠣᠯᠬᠣᠷ᠂ ᠠᠳᠠᠭ ᠨᠢ ᠥᠩᠭᠡᠨ ᠳᠡᠭᠡᠷ᠎ᠡ ᠪᠡᠨ ᠴᠦ᠍ ᠡᠮᠦᠨ᠎ᠡ ᠨᠢ ᠮᠡᠬᠦᠢᠨ ᠰᠢᠷᠪᠠᠯᠵᠠᠬᠤ ᠶ᠋ᠢ ᠭᠦᠢᠴᠡᠳᠬᠡᠵᠦ ᠦᠯᠦ ᠴᠢᠳᠠᠨ᠎ᠠ᠃ ᠭᠠᠭᠴᠠ ᠲᠡᠭᠦᠨ ᠦ᠌ ᠠᠷᠤ ᠳ᠋ᠤᠨᠢ ᠲᠦᠰᠢᠯᠭᠡ ᠪᠣᠯᠤᠭᠰᠠᠨ ᠸᠠᠩ ᠰᠣᠬᠣᠷ ᠤ᠋ᠨ ᠴᠡᠷᠢᠭ ᠦ᠋ᠨ ᠣᠳᠣ ᠲᠦᠭᠡᠭᠡᠳᠡᠭ《ᠠᠳᠢᠰ》 ᠢ ᠰᠢᠲᠦᠳᠡᠭ ᠡᠴᠡ ᠠᠷᠭ᠎ᠠ ᠪᠤᠶᠤ ᠪᠠᠷᠰ ᠤ᠋ᠨ ᠰᠦᠷ ᠲᠦ᠍ ᠥᠮᠥᠭ ᠪᠠᠷᠢᠭᠰᠠᠨ ᠦᠨᠡᠭᠡᠨ ᠦ᠌ ᠡᠮᠦᠨ᠎ᠡ ᠡᠴᠡ ᠴᠢᠬᠢ ᠬᠤᠯᠮᠠᠢᠬᠤ ᠦᠭᠡᠢ ᠪᠠᠢᠵᠤ ᠪᠣᠯᠬᠤ ᠦᠭᠡᠢ ᠳ᠋ᠡᠭᠡᠨ ᠥᠨᠥᠳᠥᠷ ᠴᠣᠭᠪᠠᠭᠠᠲᠤᠷ᠂ ᠪᠠᠭ᠎ᠠ ᠬᠠᠲᠤᠨ ᠤ᠋ ᠭᠦᠶᠦᠯᠭᠡᠭᠰᠡᠨ ᠲᠠᠬᠠᠷ ᠤ᠋ᠨ ᠪᠠᠴᠢᠮ ᠳᠠᠭᠤᠳᠠᠯᠭ᠎ᠠ ᠳ᠋ᠤ᠌ ᠬᠥᠲᠥᠯᠦᠭᠳᠡᠨ ᠬᠣᠰᠢᠭᠤ ᠬᠦᠩ ᠵᠦᠭ ᠱᠠᠯᠠᠪᠳᠠᠨ ᠮᠣᠷᠳᠠᠪᠠ᠃
ᠮᠡᠳᠡᠳᠡᠭ ᠦᠭᠡᠢ ᠶ᠋ᠢᠨ ᠨᠠᠭᠠᠨ᠎ᠠ ᠮᠡᠨᠡᠭ ᠭᠡᠭᠴᠢ ᠪᠡᠶ᠎ᠡ ᠪᠡᠨ ᠰᠡᠴᠡᠯᠡᠭᠰᠡᠨ ᠴᠣᠭᠪᠠᠭᠠᠲᠤᠷ ᠳᠣᠲᠣᠷ᠎ᠠ ᠪᠠᠨ《ᠪᠠᠭ᠎ᠠ ᠬᠠᠲᠤᠨ ᠰᠧᠯᠢᠩ ᠮᠢᠨᠢ᠂ ᠨᠠᠮᠠᠶ᠋ᠢ ᠪᠣᠷᠣ ᠴᠡᠷᠢᠭ ᠦ᠋ᠨ ᠡᠮᠦᠨ᠎ᠡ ᠡᠴᠡ ᠱᠠᠯᠠᠮᠠᠭᠠᠢ ᠲᠤᠯᠵᠤ ᠶᠠᠪᠤᠯ᠎ᠠ ᠭᠡᠵᠦ ᠭᠠᠪᠢᠶ᠎ᠠ ᠳᠤᠷᠠᠳᠬᠤ ᠭᠡᠪᠡ ᠤᠤ ᠳᠠ? ᠡᠨᠡ ᠬᠦ᠌ ᠮᠠᠭᠤ<ᠮᠤᠬᠤᠷ ᠵᠠᠰᠠᠭ> ᠤ᠋ᠨ ᠠᠮᠠᠨ ᠵᠠᠪᠠᠵᠢ ᠶ᠋ᠢᠨ ᠬᠣᠲᠣᠯᠵᠠᠭᠤᠯᠤᠭᠰᠠᠭᠠᠷ ᠪᠠᠷᠠᠭᠤᠨ ᠬᠦᠩ ᠦ᠋ᠨ ᠶᠠᠮᠤᠨ ᠤ᠋ ᠡᠭᠦᠳᠡᠨ ᠳ᠋ᠦ᠍ ᠰᠣᠷᠲᠣᠭᠣᠲᠠᠢ ᠪᠠᠭᠤᠪᠠ᠃
ᠬᠦᠩ ᠦ᠋ᠨ ᠶᠠᠮᠤᠨ ᠤ᠋ ᠭᠠᠤᠯᠢᠨ ᠲᠣᠪᠣᠷᠤᠤ ᠲᠣᠭᠰᠢᠨ ᠠᠷᠰᠯᠠᠨ ᠤ᠋ ᠰᠣᠶᠣᠭᠠᠨ ᠳ᠋ᠠᠭᠠᠨ ᠵᠡᠰ ᠭᠠᠷᠠᠬ᠎ᠠ ᠡᠮᠬᠦᠭᠰᠡᠨ ᠬᠣᠣᠰ ᠪᠠᠷᠢᠭᠤᠯᠲᠤ ᠬᠦᠷᠡᠩ ᠤᠯᠠᠭᠠᠨ ᠪᠠᠨᠰᠠᠨ ᠬᠠᠭᠠᠯᠭ᠎ᠠ ᠣᠩᠭᠣᠢᠲᠠᠯ᠎ᠠ ᠢᠷᠠᠭᠳᠠᠭᠰᠠᠨ ᠨᠢ ᠶᠠᠭ ᠯᠠ ᠲᠡᠭᠦᠨ ᠦ᠌ ᠬᠦᠷᠴᠦ ᠢᠷᠡᠬᠦ ᠶ᠋ᠢ ᠤᠭᠲᠤᠵᠤ ᠪᠠᠢᠭ᠎ᠠ ᠶᠤᠮ ᠰᠢᠭ᠋ ᠪᠠᠢᠯ᠎ᠠ᠃
一 ᠵᠠ᠂ ᠰᠠᠢᠨ ᠤᠤ? ᠪᠠᠭ᠎ᠠ ᠬᠠᠲᠤᠨ ᠤ᠋ ᠪᠡᠶ᠎ᠡ ᠯᠠᠭᠱᠠᠨ ᠲᠤᠩᠭᠠᠯᠠᠭ⁈ ᠭᠡᠵᠦ ᠴᠣᠭᠪᠠᠭᠠᠲᠤᠷ ᠮᠡᠨᠳᠦ ᠪᠠᠷᠢᠪᠠᠯ᠂
一 ᠰᠠᠢᠨ᠂ ᠰᠠᠢᠨ! ᠴᠣᠭᠪᠠᠭᠠᠲᠤᠷ ᠴᠢ ᠶᠡᠬᠡᠳᠡ ᠣᠯᠵᠠ ᠣᠮᠣᠭ ᠲᠠᠢ ᠭᠠᠨᠵᠤᠭ᠎ᠠ ᠳᠡᠭᠡᠭᠦᠷ ᠶᠠᠪᠤᠭ᠎ᠠ ᠪᠢᠵᠡ! ᠭᠡᠵᠦ ᠪᠠᠭ᠎ᠠ ᠬᠠᠲᠤᠨ ᠰᠧᠯᠢᠩ ᠲᠡᠭᠦᠨ ᠦ᠌ ᠡᠮᠦᠨ᠎ᠡ ᠡᠴᠡ ᠦᠨᠡᠨ ᠴᠦ᠍ ᠪᠢᠰᠢ ᠬᠥᠢᠲᠡᠮᠰᠦᠭ ᠴᠢᠷᠠᠢ ᠲᠠᠢ ᠦᠭᠡ ᠠᠮᠰᠠᠭᠤᠯᠤᠭᠰᠠᠨ ᠳ᠋ᠤ᠌ ᠴᠣᠭᠪᠠᠭᠠᠲᠤᠷ ᠭᠠᠢᠬᠠᠵᠤ᠄
一 ᠬᠠᠲᠤᠨ ᠰᠧᠯᠢᠩ ᠲᠠ᠁ ᠭᠡᠵᠦ ᠲᠡᠭᠦᠨ ᠡᠴᠡ ᠯᠠᠪᠯᠠᠶ᠎ᠠ ᠭᠡᠲᠡᠯ᠎ᠡ ᠪᠠᠭ᠎ᠠ ᠬᠠᠲᠤᠨ ᠴᠠᠭᠠᠰᠢ ᠡᠷᠭᠢᠵᠦ ᠳᠠᠯᠤ ᠮᠥᠷᠥ ᠪᠡᠨ ᠰᠢᠯᠭᠡᠭᠡᠨ ᠳᠤᠷ᠎ᠠ ᠦᠭᠡᠢᠴᠡᠨ᠄
一 ᠮᠢᠨᠦ ᠨᠢᠭᠤᠷ ᠳᠡᠭᠡᠷ᠎ᠡ ᠨᠠᠮᠠᠶ᠋ᠢ ᠰᠧᠯᠢᠩ ᠭᠡᠵᠦ ᠥᠩᠭᠡᠯᠡᠨ ᠳᠠᠭᠤᠳᠠᠬᠤ ᠶᠠᠭᠤ ᠪᠠᠢᠬᠤ ᠪᠣᠢ? ᠠᠷᠤ ᠬᠣᠢᠭᠤᠷ ᠴᠢ ᠮᠢᠨᠦ ᠰᠧᠯᠢᠩ ᠡᠴᠡ ᠪᠦᠳᠦᠭᠦᠨ ᠠᠮᠢᠰᠬᠤᠯ ᠲᠠᠢ ᠦᠭᠡ ᠫᠤᠤᠳᠠᠵᠤ᠂ ᠨᠠᠳᠠ ᠠ᠋ᠴᠠ ᠳᠡᠭᠡᠭᠦᠷ ᠣᠨᠴᠠᠭᠠᠢ ᠡᠷᠬᠡ ᠶᠠᠪᠤᠭᠤᠯᠳᠠᠭ ᠪᠣᠯᠵᠠᠢ ᠠ᠋! ᠳᠠᠩᠴᠤ ᠡᠷᠲᠡᠳᠴᠦ ᠪᠠᠢᠬᠤ ᠪᠢᠰᠢ ᠤᠤ? ᠭᠡᠵᠦ ᠤᠬᠠᠭᠠᠨ ᠨᠢ ᠣᠯᠳᠠᠬᠤ ᠦᠭᠡᠢ ᠶᠠᠭᠤᠮ᠎ᠠ ᠶᠠᠷᠢᠵᠤ ᠴᠣᠭᠪᠠᠭᠠᠲᠤᠷ ᠢ ᠪᠦᠷ ᠴᠦ᠍ ᠮᠡᠨᠡᠭᠷᠡᠭᠦᠯᠪᠡ᠃
一 ᠬᠠᠲᠤᠨ ᠲᠠ ᠶᠠᠭᠠᠬᠢᠯ᠎ᠠ ᠭᠡᠵᠦ ᠢᠢᠨ ᠬᠦ᠌ ᠶᠡᠬᠡ ᠠᠭᠤᠷᠯᠠᠳᠠᠭ ᠪᠠᠢᠨ᠎ᠠ?
一 ᠶᠠᠭᠠᠬᠢᠭᠰᠠᠨ ᠢ᠋ᠶ᠋ᠠᠨ ᠴᠢ ᠥᠪᠡᠷ ᠢ᠋ᠶ᠋ᠡᠨ ᠮᠡᠳᠡᠬᠦ ᠦᠭᠡᠢ ᠪᠠᠢᠨ᠎ᠠ ᠤᠤ? ᠭᠡᠵᠦ ᠪᠠᠭ᠎ᠠ ᠬᠠᠲᠤᠨ ᠡᠷᠭᠢᠵᠦ ᠬᠠᠷᠠᠨ ᠰᠢᠷᠡᠭᠡ ᠠᠯᠠᠭᠠᠳᠠᠵᠤ᠂ ᠥᠨᠥᠬᠢ ᠴᠠᠬᠢᠯᠭᠠᠨ ᠮᠡᠳᠡᠭᠡ ᠶ᠋ᠢ ᠳᠣᠯᠣᠪᠣᠷ ᠬᠤᠷᠤᠭᠤ ᠪᠠᠷ ᠢ᠋ᠶ᠋ᠠᠨ ᠳᠣᠶᠢᠵᠤ《ᠴᠢ ᠦᠵᠡ᠂ ᠴᠢᠮ᠎ᠠ ᠳ᠋ᠤ᠌ ᠲᠡᠭᠦᠨ ᠢ ᠳᠠᠭᠤᠳᠠᠴᠢᠬᠠᠮᠠᠷ ᠰᠢᠳᠢ ᠶ᠋ᠢᠨ ᠨᠢᠳᠦ ᠪᠠᠢᠳᠠᠭ ᠤᠤ?》 ᠭᠡᠰᠡᠨ ᠨᠢ ᠲᠡᠭᠦᠨ ᠢ《ᠪᠢᠴᠢᠭ ᠮᠡᠳᠡᠬᠦ ᠦᠭᠡᠢ ᠮᠥᠷᠲᠡᠭᠡᠨ ᠪᠡᠶ᠎ᠡ ᠪᠡᠨ ᠭᠠᠢᠬᠠᠭᠤᠯᠤᠮᠠᠷ ᠶᠠᠭᠤ ᠪᠣᠢ?》 ᠭᠡᠵᠦ ᠮᠠᠰᠢᠳᠠ ᠳᠣᠷᠣᠮᠵᠢᠯᠠᠭᠰᠠᠨ ᠰᠢᠭ᠋ ᠪᠣᠯᠪᠠᠯ ᠴᠣᠭᠪᠠᠭᠠᠲᠤᠷ ᠪᠡᠶ᠎ᠡ ᠪᠡᠨ ᠪᠠᠷᠢᠵᠤ ᠳᠡᠢᠯᠬᠦ ᠦᠭᠡᠢ ᠠᠭᠤᠷᠯᠠᠨ᠄
一 ᠬᠠᠲᠤᠨ ᠲᠠ ᠪᠠᠷᠤᠭᠲᠠᠢᠬᠠᠨ ᠬᠥᠮᠦᠨ ᠮᠠᠭᠤᠴᠢᠯᠠ! ᠶᠠᠭᠤ ᠪᠠᠢᠪᠠᠯ ᠶᠠᠭᠤ ᠪᠠᠨ ᠨᠠᠳᠠ ᠰᠢᠭᠤᠳ ᠶᠠᠷᠢᠴᠢᠬᠠ! ᠪᠢᠲᠡᠭᠡᠢ ᠲᠣᠭᠰᠢᠭᠠᠳ ᠪᠢᠳᠠᠭᠤ ᠨᠠᠮᠠᠶ᠋ᠢ ᠤᠯᠠᠮ ᠮᠤᠩᠬᠠᠷᠠᠭᠤᠯᠤᠭᠠᠳ ᠪᠠᠢ! ᠭᠡᠵᠦ ᠪᠠᠭ᠎ᠠ ᠬᠠᠲᠤᠨ ᠤ᠋ ᠡᠮᠦᠨ᠎ᠡ ᠡᠴᠡ ᠢᠯᠳᠠᠷ ᠦᠭᠡᠢ ᠰᠢᠷᠦᠭᠦᠨ ᠳᠤᠤᠭᠠᠷᠪᠠ᠃
一 ᠴᠢ ᠪᠡᠶ᠎ᠡ ᠪᠡᠨ ᠪᠢᠳᠠᠭᠤ ᠭᠡᠪᠡ ᠤᠤ? ᠪᠢ ᠪᠣᠳᠣᠪᠠᠯ ᠴᠢᠨᠦ ᠤᠬᠠᠭᠠᠨ ᠴᠢᠨᠢ ᠬᠡᠲᠦᠷᠡᠭᠡᠳ ᠪᠠᠢᠭ᠎ᠠ ᠶᠤᠮ ᠪᠢᠰᠢ ᠤᠤ⁈ ᠪᠠᠷᠠᠭᠤᠨ ᠬᠦᠩ ᠦ᠋ᠨ ᠨᠤᠲᠤᠭ ᠳᠡᠭᠡᠷ᠎ᠡ ᠪᠠᠭᠲᠠ ᠶᠠᠳᠠᠵᠤ ᠵᠠᠩᠵᠤᠨ ᠶᠠᠮᠤᠨ ᠤ᠋ ᠬᠠᠷ᠎ᠠ ᠴᠡᠷᠢᠭ ᠦ᠋ᠨ ᠫᠤᠤ ᠵᠡᠪᠰᠡᠭ ᠢ ᠮᠤᠰᠬᠢᠨ ᠬᠥᠭᠡᠭᠡᠵᠦ ᠲᠠᠭᠤᠳᠠᠭ ᠨᠢ ᠶᠠᠭᠤ ᠪᠣᠯᠪᠠ?
一 ᠦᠭᠡᠢ᠂ ᠬᠥᠶᠢ! ᠪᠢ ᠬᠡᠳᠦᠨ ᠲᠣᠯᠣᠭᠠᠢ ᠲᠠᠢ ᠳ᠋ᠠᠭᠠᠨ ᠵᠠᠩᠵᠤᠨ ᠶᠠᠮᠤᠨ ᠤ᠋ ᠴᠡᠷᠢᠭ ᠲᠡᠢ ᠬᠠᠯᠳᠠᠨ᠎ᠠ ᠪᠣᠢ⁈ ᠬᠠᠲᠤᠨ ᠲᠠ ᠪᠤᠷᠤᠭᠤ᠁ ᠭᠡᠵᠦ ᠦᠭᠡ ᠪᠡᠨ ᠬᠡᠯᠡᠵᠦ ᠳᠠᠭᠤᠰᠬᠤ ᠠ᠋ᠴᠠ ᠡᠮᠦᠨ᠎ᠡ ᠪᠠᠭ᠎ᠠ ᠬᠠᠲᠤᠨ ᠲᠣᠰᠴᠤ᠄
— ᠡᠷ᠎ᠡ ᠬᠥᠮᠦᠨ ᠪᠠᠢᠵᠤ ᠪᠠᠢᠭᠠᠳ ᠬᠡᠷᠡᠭ ᠢ᠋ᠶ᠋ᠡᠨ ᠬᠢᠴᠢᠬᠡᠭᠡᠳ《ᠦᠭᠡᠢ》 ᠭᠡᠵᠦ ᠮᠡᠯᠵᠢᠳᠡᠭ ᠴᠢᠨᠢ ᠶᠠᠭᠤ ᠪᠣᠢ⁈ ᠡᠨᠡ ᠴᠠᠬᠢᠯᠭᠠᠨ ᠳ᠋ᠤ᠌ ᠰᠠᠭᠠᠳᠠᠭ᠂ ᠮᠢᠩᠭᠠᠨ ᠤ᠋ ᠲᠠᠯ᠎ᠠ ᠳ᠋ᠤ᠌ ᠮᠣᠩᠭᠣᠯ ᠮᠣᠷᠢᠨ ᠴᠡᠷᠢᠭ ᠵᠠᠩᠵᠤᠨ ᠶᠠᠮᠤᠨ ᠤ᠋ ᠤᠬᠤᠷᠢᠵᠤ ᠶᠠᠪᠤᠭ᠎ᠠ ᠴᠡᠷᠢᠭ ᠦ᠋ᠨ ᠫᠤᠤ ᠵᠡᠪᠰᠡᠭ ᠢ ᠬᠤᠷᠢᠶᠠᠵᠤ᠂ ᠠᠯᠠᠵᠤ ᠳᠠᠭᠤᠨ ᠴᠡᠷᠢᠭ ᠦ᠋ᠨ ᠰᠡᠳᠬᠢᠯ ᠢ ᠶᠡᠬᠡᠳᠡ ᠦᠢᠮᠡᠭᠦᠯᠦᠭᠰᠡᠨ᠁ ᠭᠡᠵᠦ ᠪᠠᠢᠨ᠎ᠠ᠃ ᠪᠠᠰᠠ ᠮᠠᠨ ᠤ᠋ ᠬᠤᠰᠢᠭᠤᠨ ᠤ᠋ ᠠᠮᠤᠷ ᠢ ᠬᠠᠮᠠᠭᠠᠯᠠᠬᠤ ᠴᠡᠷᠢᠭ ᠵᠡᠭᠦᠨ ᠡᠴᠡ ᠴᠥᠮᠥᠷᠡᠨ ᠣᠷᠣᠭᠰᠠᠨ ᠪᠣᠷᠣ ᠴᠡᠷᠢᠭ ᠦ᠋ᠨ ᠡᠮᠦᠨ᠎ᠡ ᠡᠴᠡ ᠡᠷᠡᠯᠬᠡᠭᠯᠡᠨ ᠲᠤᠯᠬᠤ ᠦᠭᠡᠢ ᠭᠡᠳᠡᠷᠭᠦ ᠳᠤᠲᠠᠭᠠᠵᠤ᠂ ᠵᠠᠩᠵᠤᠨ ᠶᠠᠮᠤᠨ ᠤ᠋ ᠴᠡᠷᠢᠭ ᠦ᠋ᠨ ᠪᠠᠷᠠᠭᠤᠨᠰᠢᠯᠠᠨ ᠤᠬᠤᠷᠢᠬᠤ ᠳ᠋ᠤ᠌ ᠶᠡᠬᠡᠳᠡ ᠬᠣᠬᠢᠷᠠᠯ ᠤᠴᠠᠷᠠᠭᠤᠯᠤᠭᠰᠠᠨ ᠲᠤᠯᠠᠳᠠ ᠠᠭᠤᠴᠢᠯᠠᠰᠢ ᠦᠭᠡᠢ᠃ ᠴᠡᠷᠢᠭ ᠦ᠋ᠨ ᠰᠠᠬᠢᠯᠭ᠎ᠠ ᠪᠠᠷ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃ ᠡᠰᠡ ᠲᠡᠢᠮᠦ ᠪᠣᠯ ᠲᠠᠨ ᠤ᠋ ᠪᠠᠷᠠᠭᠤᠨ ᠬᠦᠩ ᠦ᠋ᠨ ᠬᠣᠰᠢᠭᠤ ᠴᠡᠷᠢᠭ ᠳᠣᠲᠣᠷ᠎ᠠ ᠪᠣᠷᠣ ᠴᠡᠷᠢᠭ ᠲᠡᠢ ᠰᠦᠯᠪᠡᠭᠡ ᠲᠡᠢ ᠬᠥᠮᠦᠨ ᠪᠠᠢᠵᠤ ᠮᠡᠳᠡᠨ᠎ᠡ᠃ ᠦᠨᠡᠨ ᠪᠣᠯ ᠴᠠᠭᠠᠵᠠ ᠪᠠᠷ ᠰᠢᠳᠬᠡᠨ᠎ᠡ ᠭᠡᠰᠡᠨ ᠪᠠᠢᠨ᠎ᠠ ᠭᠡᠪᠡ᠃
ᠴᠣᠭᠪᠠᠭᠠᠲᠤᠷ᠂ ᠪᠠᠭ᠎ᠠ ᠬᠠᠲᠤᠨ ᠰᠧᠯᠢᠩ ᠦ᠋ᠨ ᠢᠩᠭᠢᠵᠦ ᠬᠡᠯᠡᠬᠦ ᠶ᠋ᠢ ᠰᠣᠨᠣᠰᠤᠭᠠᠳ ᠰᠠᠶᠢ ᠤᠴᠢᠷ ᠤᠬᠠᠭᠠᠨ ᠢ ᠨᠢ ᠭᠠᠳᠠᠷᠯᠠᠵᠤ᠂《ᠡᠨᠡ ᠪᠦᠷ ᠬᠡᠰᠢᠭᠲᠡᠢ ᠶ᠋ᠢᠨ ᠬᠢᠭᠰᠡᠨ ᠭᠠᠢ》 ᠭᠡᠵᠦ ᠮᠠᠭᠠᠳᠯᠠᠭᠠᠳ᠄
一 ᠬᠠᠲᠤᠨ ᠰᠧᠯᠢᠩ ᠠ᠋᠂ ᠡᠨᠡ ᠶᠠᠯ᠎ᠠ ᠶ᠋ᠢ ᠨᠠᠳᠠ ᠨᠥᠮᠥᠷᠦᠭᠦᠯᠬᠦ ᠬᠡᠷᠡᠭ ᠦᠭᠡᠢ᠃ ᠡᠨᠡ ᠪᠦᠬᠦᠨ ᠪᠦᠷ ᠲᠠᠨ ᠤ᠋ ᠢᠲᠡᠭᠡᠯᠲᠦ ᠬᠥᠮᠦᠨ ᠬᠡᠰᠢᠭᠲᠡᠢ ᠶ᠋ᠢᠨ ᠤᠴᠢᠷ ᠭᠡᠵᠦ ᠪᠣᠷᠣ ᠴᠡᠷᠢᠭ ᠦ᠋ᠨ ᠡᠮᠦᠨ᠎ᠡ ᠡᠴᠡ ᠲᠤᠯᠵᠤ ᠶᠠᠪᠤᠭᠰᠠᠨ ᠢ᠋ᠶ᠋ᠠᠨ ᠨᠠᠷᠢᠨ ᠲᠣᠭᠠᠴᠢᠵᠤ ᠬᠡᠳᠦᠢ ᠬᠡᠳᠦᠢ ᠴᠡᠷᠢᠭ ᠮᠣᠷᠢ ᠪᠠᠨ ᠰᠦᠢᠳᠬᠡᠵᠦ ᠶᠠᠭᠠᠬᠢᠵᠤ ᠢᠢᠵᠦ ᠠᠮᠢ ᠵᠤᠯᠪᠠᠭᠰᠠᠨ ᠪᠠ ᠬᠡᠰᠢᠭᠲᠡᠢ ᠶ᠋ᠢᠨ ᠴᠡᠷᠢᠭ ᠲᠡᠭᠦᠨ ᠦ᠌ ᠵᠥᠪᠰᠢᠶᠡᠷᠡᠯ ᠦᠭᠡᠢ ᠪᠡᠷ ᠭᠡᠳᠡᠷᠭᠦ ᠳᠤᠲᠠᠭᠠᠵᠤ᠂ ᠠᠭᠤᠯᠠ ᠶ᠋ᠢᠨ ᠠᠷᠤ ᠲᠡᠢᠰᠢ ᠭᠠᠷᠤᠭᠠᠳ ᠢᠩᠭᠢᠵᠦ ᠴᠢᠩᠭᠢᠵᠦ ᠬᠢᠭᠰᠡᠨ ᠪᠠᠢᠨ᠎ᠠ ᠭᠡᠵᠦ ᠨᠠᠷᠢᠨ ᠲᠣᠭᠠᠴᠢᠯ᠎ᠠ᠃
ᠪᠠᠭ᠎ᠠ ᠬᠠᠲᠤᠨ ᠰᠧᠯᠢᠩ᠂ ᠴᠣᠭᠪᠠᠭᠠᠲᠤᠷ ᠤ᠋ᠨ ᠢᠩᠭᠢᠵᠦ ᠬᠡᠯᠡᠬᠦ ᠶ᠋ᠢ ᠰᠣᠨᠣᠰᠤᠭᠠᠳ ᠳᠣᠲᠣᠷ᠎ᠠ ᠪᠠᠨ《ᠡᠨᠡ ᠤᠳᠠᠭ᠎ᠠ ᠬᠠᠷ᠎ᠠ ᠮᠤᠨᠳᠠᠭᠤᠨ ᠢ᠋ᠶ᠋ᠠᠷ ᠲᠡᠭᠦᠨ ᠳ᠋ᠦ᠍ ᠬᠢᠯᠢᠰ ᠨᠥᠮᠥᠷᠦᠭᠦᠯᠪᠡ ᠪᠣᠯᠤᠯᠲᠠᠢ》 ᠭᠡᠵᠦ ᠪᠣᠳᠣᠭᠰᠠᠨ ᠢ᠋ᠶ᠋ᠠᠨ ᠭᠡᠨᠡᠳᠲᠡ ᠤᠬᠠᠭᠠᠷᠠᠵᠤ᠄
一 ᠬᠡᠰᠢᠭᠲᠡᠢ ᠬᠡᠨ ᠦ᠌ ᠵᠠᠷᠯᠢᠭ ᠢ᠋ᠶ᠋ᠠᠷ ᠵᠡᠭᠦᠨᠰᠢ ᠶᠠᠪᠤᠵᠤ ᠬᠡᠨ ᠦ᠌ ᠵᠠᠬᠢᠷᠤᠯ ᠤ᠋ᠨ ᠳᠣᠣᠷ᠎ᠠ ᠴᠡᠷᠢᠭ ᠬᠥᠳᠡᠯᠭᠡᠭᠰᠡᠨ ᠪᠣᠢ? ᠴᠢᠮ᠎ᠠ ᠳ᠋ᠤ᠌ ᠬᠠᠷᠢᠭᠤᠴᠠᠯᠭ᠎ᠠ ᠦᠭᠡᠢ ᠭᠡᠵᠢ ᠤᠤ ᠳᠠ? ᠴᠢ ᠲᠡᠭᠦᠨ ᠦ᠌ ᠰᠢᠭᠤᠳ ᠵᠠᠬᠢᠷᠤᠭᠴᠢ ᠲᠤᠸᠠᠨᠵᠠᠩ ᠮᠥᠨ ᠭᠡᠳᠡᠭ ᠢ᠋ᠶ᠋ᠡᠨ ᠮᠠᠷᠲᠠᠭ᠎ᠠ ᠦᠭᠡᠢ ᠪᠣᠯ ᠪᠢ ᠴᠡᠷᠢᠭ ᠶᠣᠰᠣ ᠪᠠᠷ ᠴᠢᠮ᠎ᠠ ᠲᠠᠢ ᠬᠡᠯᠡᠯᠴᠡᠬᠦ ᠡᠴᠡ ᠪᠢᠰᠢ ᠬᠡᠰᠢᠭᠲᠡᠢ ᠲᠡᠢ ᠬᠡᠯᠡᠯᠴᠡᠬᠦ ᠦᠭᠡᠢ ᠰᠢᠦ! ᠮᠡᠳᠡᠪᠡ ᠤᠤ? ᠭᠡᠵᠦ ᠣᠪᠣᠷ ᠪᠠᠢᠳᠠᠯ ᠢ᠋ᠶ᠋ᠠᠨ ᠡᠶᠡᠷᠡᠭᠦᠨ ᠪᠣᠯᠭᠠᠪᠠ᠃ ᠲᠡᠭᠡᠬᠦ ᠳ᠋ᠦ᠍ ᠴᠣᠭᠪᠠᠭᠠᠲᠤᠷ᠄
一 ᠬᠡᠰᠢᠭᠲᠡᠢ ᠲᠠᠨ ᠳ᠋ᠤ᠌ ᠶᠡᠬᠡ ᠡᠭᠡᠯᠢᠲᠡᠢ ᠪᠠᠢᠳᠠᠭ ᠰᠢᠲᠠ᠂ ᠶᠠᠭᠠᠬᠢᠬᠤ ᠳ᠋ᠠᠭᠠᠨ ᠲᠠᠨ ᠤ᠋ ᠨᠡᠷ᠎ᠡ ᠨᠢᠭᠤᠷ ᠲᠤ᠌ ᠢᠩᠭᠢᠵᠦ ᠬᠠᠷᠰᠢᠲᠠᠢ ᠶᠠᠭᠤᠮ᠎ᠠ ᠬᠢᠪᠡ? ᠭᠡᠵᠦ ᠳᠠᠪᠠᠯᠠᠨ ᠠᠰᠠᠭᠤᠭᠰᠠᠨ ᠨᠢ ᠨᠣᠬᠠᠢ ᠳ᠋ᠠᠭᠠᠨ ᠢᠲᠡᠭᠡᠵᠦ ᠭᠡᠷ ᠲᠡᠭᠡᠨ ᠪᠠᠭᠠᠪᠠ ᠭᠡᠰᠡᠨ ᠰᠢᠦᠬᠡᠨ ᠤᠳᠬ᠎ᠠ ᠪᠠᠷ ᠪᠠᠭ᠎ᠠ ᠬᠠᠲᠤᠨ ᠰᠧᠯᠢᠩ ᠦ᠋ᠨ ᠬᠤᠯᠤᠭᠤ ᠶ᠋ᠢ ᠬᠠᠳᠬᠤᠪᠠ᠃
— ᠴᠣᠭᠪᠠᠭᠠᠲᠤᠷ ᠠ᠋᠂ ᠴᠢ ᠪᠠᠰᠠ ᠡᠳᠦᠷᠵᠢᠨ ᠵᠡᠷᠭᠡ ᠵᠢᠩᠰᠡ ᠨᠡᠮᠡᠷᠢᠯᠡᠬᠦ ᠰᠠᠨᠠᠭᠠᠲᠠᠢ ᠤᠤ? ᠣᠳᠣ ᠶᠠᠭᠠᠬᠢᠨ᠎ᠠ ᠪᠣᠢ? ᠴᠠᠭᠠᠳᠤ ᠸᠠᠩ ᠰᠣᠬᠣᠷ ᠤ᠋ᠨ ᠴᠢᠬᠢᠨ ᠳ᠋ᠦ᠍ ᠢᠩᠭᠢᠵᠦ ᠮᠠᠭᠤ ᠪᠠᠷ ᠡᠷᠭᠢᠭᠰᠡᠨ ᠶᠠᠭᠤᠮ᠎ᠠ ᠰᠣᠨᠣᠰᠬᠠᠭᠰᠠᠨ ᠳ᠋ᠠᠭᠠᠨ ᠣᠳᠣ ᠴᠢ ᠶᠠᠭᠤ ᠭᠡᠵᠦ ᠪᠣᠳᠣᠵᠤ ᠪᠠᠢᠨ᠎ᠠ? ᠭᠡᠵᠦ ᠪᠠᠭ᠎ᠠ ᠬᠠᠲᠤᠨ ᠴᠣᠭᠪᠠᠭᠠᠲᠤᠷ ᠤ᠋ᠨ ᠬᠥᠮᠦᠨ ᠲᠠᠪᠠᠯᠠᠬᠤ ᠰᠠᠨᠠᠭᠠᠲᠠᠢ ᠦᠭᠡᠨ ᠦ᠌ ᠬᠠᠷᠢᠭᠤ ᠳ᠋ᠤ᠌ ᠢᠩᠭᠢᠵᠦ ᠬᠡᠯᠡᠭᠰᠡᠨ ᠨᠢ ᠶᠣᠰᠣᠲᠠᠢ ᠯᠠ ᠳᠠᠭᠠᠷᠢ ᠳᠡᠭᠡᠷ᠎ᠡ ᠨᠢ ᠳᠠᠪᠤᠰᠤ ᠬᠢᠭᠰᠡᠨ ᠪᠣᠯᠪᠠ᠃
ᠶᠠᠷ᠎ᠠ ᠪᠠᠨ ᠮᠠᠯᠲᠠᠭᠤᠯᠤᠭᠰᠠᠨ ᠴᠣᠭᠪᠠᠭᠠᠲᠤᠷ ᠲᠠᠬᠢᠵᠤ ᠪᠠᠭ᠎ᠠ ᠬᠠᠲᠤᠨ ᠰᠧᠯᠢᠩ ᠦ᠋ᠨ ᠡᠮᠦᠨ᠎ᠡ ᠡᠴᠡ ᠣᠯᠢᠭᠲᠠᠢ ᠦᠭᠡ ᠣᠯᠵᠤ ᠬᠡᠯᠡᠭᠰᠡᠨ ᠦᠭᠡᠢ《ᠮᠠᠭᠤ ᠴᠢᠰᠤ ᠶ᠋ᠢ ᠪᠠᠢᠵᠠ᠂ ᠴᠢᠮᠠᠶ᠋ᠢ》 ᠭᠡᠵᠦ ᠪᠠᠭ᠎ᠠ ᠬᠠᠲᠤᠨ ᠰᠧᠯᠢᠩ ᠢ ᠤᠤ ᠬᠡᠰᠢᠭᠲᠡᠢ ᠶ᠋ᠢ ᠤᠤ ᠪᠤᠤ ᠮᠡᠳᠡ ᠳᠠᠮ ᠳᠠᠮ ᠳᠠᠭᠠᠷᠠᠭᠤᠯᠤᠭᠰᠠᠨ ᠥᠷᠭᠡᠰᠦ ᠲᠡᠢ ᠦᠭᠡ ᠤᠨᠠᠭᠠᠵᠤ ᠡᠭᠦᠳᠡ ᠰᠠᠪᠠᠨ ᠭᠠᠷᠴᠤ ᠣᠳᠪᠠ᠃
ᠠᠩᠴᠢᠨᠵᠠᠪ ᠠᠭᠤᠯᠠ ᠶ᠋ᠢᠨ ᠠᠷᠤ ᠪᠠᠷ ᠴᠡᠷᠢᠭ ᠮᠣᠷᠢ ᠪᠠᠨ ᠴᠡᠭᠴᠡᠯᠡᠨ ᠠᠪᠤᠭᠠᠳ ᠬᠠᠷ᠎ᠠ ᠴᠡᠷᠢᠭ ᠦ᠋ᠨ ᠣᠷᠭᠣᠳᠠᠭᠤᠯ ᠤ᠋ᠳ ᠤ᠋ᠨ ᠫᠤᠤ ᠵᠡᠪᠰᠡᠭ ᠢ ᠮᠤᠰᠬᠢᠵᠦ᠂ ᠥᠪᠡᠷ ᠦ᠋ᠨ ᠨᠤᠲᠤᠭ ᠤ᠋ᠨ ᠮᠣᠩᠭᠣᠯ ᠴᠡᠷᠢᠭ ᠦ᠋ᠨ ᠢ᠋ᠶ᠋ᠡᠨ ᠲᠠᠮᠢᠷ ᠢ ᠨᠢ ᠴᠢᠩᠭᠠᠯᠠᠵᠤ ᠶᠠᠪᠤᠲᠠᠯ᠎ᠠ ᠥᠨᠥᠬᠢ ᠪᠣᠷᠣ ᠴᠡᠷᠢᠭ ᠦ᠋ᠳ ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠭᠠᠵᠠᠷ ᠬᠦᠷᠲᠡᠯ᠎ᠡ ᠱᠦᠭᠦᠷᠳᠡᠯᠲᠡ ᠬᠢᠭᠡᠳ ᠭᠡᠨᠡᠳᠲᠡ ᠨᠠᠮ ᠵᠢᠮ ᠪᠣᠯᠴᠢᠬᠠᠯ᠎ᠠ ᠭᠡᠰᠡᠨ ᠴᠢᠮᠡᠭᠡ ᠶ᠋ᠢ ᠣᠯᠵᠤ ᠰᠣᠨᠣᠰᠪᠠ᠃ ᠡᠨᠡ ᠬᠦ᠌ ᠴᠢᠮᠡᠭᠡ ᠴᠢᠬᠢᠨ ᠳ᠋ᠦ᠍ ᠡᠯᠭᠦᠭᠳᠡᠵᠦ ᠵᠠᠪᠳᠤᠭᠠᠳᠤᠢ ᠠᠲᠠᠯ᠎ᠠ ᠪᠠᠷᠠᠭᠤᠨᠰᠢᠯᠠᠭᠰᠠᠨ ᠬᠠᠷ᠎ᠠ ᠴᠡᠷᠢᠭ ᠦ᠋ᠳ ᠪᠣᠷᠣ ᠮᠥᠷ ᠢ᠋ᠶ᠋ᠡᠷ ᠢ᠋ᠶ᠋ᠡᠨ ᠪᠤᠴᠠᠭᠠᠳ ᠢᠷᠡᠯ᠎ᠡ ᠭᠡᠵᠡᠢ᠃
ᠴᠠᠭ ᠲᠥᠷᠥ ᠶ᠋ᠢᠨ ᠪᠠᠢᠳᠠᠯ ᠪᠤᠷᠤᠭᠤ ᠪᠠᠷ ᠡᠷᠭᠢᠵᠦ ᠲᠥᠷᠥ ᠭᠦᠷᠦᠨ ᠦ᠌ ᠲᠣᠮᠣᠴᠤᠤᠯ ᠳᠣᠲᠣᠷ᠎ᠠ ᠪᠠᠨ ᠬᠠᠪᠢᠷᠤᠯᠳᠤᠵᠤ ᠬᠠᠷ᠎ᠠ ᠪᠣᠷᠣ ᠴᠡᠷᠢᠭ ᠬᠣᠭᠣᠷᠣᠨᠳᠣ ᠪᠠᠨ ᠳᠠᠢᠳᠤᠵᠤ᠂ ᠦᠢᠮᠡᠭᠡᠨ ᠳᠡᠭᠳᠡᠭᠰᠡᠨ ᠢ ᠮᠡᠳᠡᠭᠰᠡᠨ ᠠᠩᠴᠢᠨᠵᠠᠪ ᠤ᠋ᠨ ᠳᠣᠲᠣᠷ᠎ᠠ ᠴᠤ᠌ ᠲᠣᠭᠲᠠᠪᠤᠷᠢ ᠠᠯᠳᠠᠪᠠ᠃ ᠤᠤᠯ ᠨᠢ ᠶᠡᠬᠡ ᠴᠡᠷᠢᠭ ᠦ᠋ᠨ ᠰᠦᠷ ᠬᠦᠴᠦᠨ ᠳ᠋ᠦ᠍ ᠬᠠᠷ᠎ᠠ ᠴᠡᠷᠢᠭ ᠣᠮ ᠬᠣᠮ ᠦᠭᠡᠢ ᠠᠶᠤᠨ ᠳᠤᠲᠠᠭᠠᠭᠰᠠᠨ ᠳ᠋ᠤ᠌ ᠠᠩᠴᠢᠨᠵᠠᠪ ᠴᠤ᠌ ᠵᠣᠷᠢᠭ ᠣᠷᠣᠵᠤ ᠳᠡᠭᠡᠷᠡᠮ ᠬᠢᠭᠰᠡᠨ ᠬᠠᠷ᠎ᠠ ᠴᠡᠷᠢᠭ ᠦ᠋ᠨ ᠣᠷᠭᠣᠳᠠᠭᠤᠯ ᠤ᠋ᠳ ᠤ᠋ᠨ ᠫᠤᠤ ᠵᠡᠪᠰᠡᠭ ᠢ ᠮᠤᠰᠬᠢᠭᠰᠠᠨ ᠳ᠋ᠠᠭᠠᠨ ᠣᠮᠣᠭᠰᠢᠵᠤ ᠪᠠᠢᠭᠰᠠᠨ ᠪᠣᠯ᠂ ᠣᠳᠣ ᠬᠠᠷᠢᠨ ᠡᠷᠭᠢᠭᠡᠳ ᠠᠢᠳᠠᠰ ᠲᠥᠷᠥᠪᠡ᠃ ᠢᠢᠨ ᠬᠦ᠌ ᠠᠩᠴᠢᠨᠵᠠᠪ ᠴᠡᠷᠢᠭ ᠮᠣᠷᠢ ᠪᠠᠨ ᠠᠪᠴᠤ ᠬᠣᠢᠰᠢ ᠪᠠᠨ ᠳᠡᠯ ᠠᠭᠤᠯᠠ ᠶ᠋ᠢᠨ ᠪᠠᠯ ᠳ᠋ᠤ᠌ ᠪᠠᠭᠤᠵᠤ ᠠᠨᠢᠷ ᠴᠢᠩᠨᠠᠨ ᠪᠠᠢᠯ᠎ᠠ᠃
ᠭᠡᠨᠡᠳᠲᠡ ᠨᠢᠭᠡ ᠡᠳᠦᠷ ᠴᠣᠭᠪᠠᠭᠠᠲᠤᠷ ᠨᠣᠶᠠᠨ ᠲᠠᠬᠠᠷ ᠢᠷᠡᠭᠦᠯᠦᠨ《ᠡᠯ᠎ᠡ ᠴᠡᠷᠢᠭ ᠦ᠋ᠨ ᠬᠢᠨ ᠦᠳᠲᠡᠷ ᠲᠦᠷᠭᠡᠨ ᠰᠢᠷᠡᠭᠡ ᠶ᠋ᠢᠨ ᠰᠦᠮ᠎ᠡ ᠶ᠋ᠢᠨ ᠪᠤᠯᠤᠩ ᠳ᠋ᠤ᠌ ᠴᠤᠭᠯᠠᠷᠠᠵᠤ ᠴᠡᠷᠢᠭ ᠦ᠋ᠨ ᠲᠣᠭ᠎ᠠ ᠪᠠᠨ ᠪᠦᠷᠢᠳᠬᠡᠭᠦᠯ!》 ᠭᠡᠰᠡᠨ ᠪᠠᠴᠢᠮ ᠵᠠᠷᠯᠢᠭ ᠪᠣᠯᠪᠠ᠃
ᠮᠠᠭᠤ ᠢᠷᠣ᠎ᠠ ᠶ᠋ᠢᠨ ᠮᠤᠰᠢᠭᠠᠢ ᠴᠢᠮᠡᠭᠡ ᠢᠩᠭᠢᠵᠦ ᠮᠣᠳᠣᠨ ᠬᠤᠳᠠᠷᠭ᠎ᠠ ᠢᠷᠡᠨ᠎ᠡ ᠭᠡᠳᠡᠭ ᠢ ᠠᠩᠴᠢᠨᠵᠠᠪ ᠠᠷᠠᠢ ᠪᠣᠳᠣᠵᠤ ᠠᠮᠵᠢᠭ᠎ᠠ ᠦᠭᠡᠢ ᠪᠣᠯᠪᠠᠴᠤ ᠴᠠᠭᠠᠨ᠎ᠠ ᠠ᠋ᠴᠠ ᠨᠢᠭᠡ ᠯᠡ ᠶᠣᠣᠵᠠ ᠦᠭᠡᠢ ᠰᠤᠪᠢᠨ ᠮᠡᠳᠡᠭᠳᠡᠭᠰᠡᠨ ᠪᠠᠢᠵᠠᠢ᠃
《ᠣᠳᠣ ᠴᠤ᠌ ᠳᠦᠭᠦᠷᠦᠭᠰᠡᠨ ᠬᠡᠷᠡᠭ ᠠ᠋᠂ ᠴᠣᠭᠪᠠᠭᠠᠲᠤᠷ ᠤ᠋ᠨ ᠴᠡᠷᠢᠭ ᠪᠦᠷᠢᠳᠬᠡᠨ᠎ᠡ ᠭᠡᠳᠡᠭ ᠬᠤᠳᠠᠯ᠂ ᠨᠠᠳᠠ ᠶᠠᠯ᠎ᠠ ᠨᠡᠬᠡᠮᠵᠢᠯᠡᠬᠦ ᠭᠡᠳᠡᠭ ᠨᠢ ᠦᠨᠡᠨ ᠪᠠᠢᠬ᠎ᠠ》 ᠭᠡᠵᠦ ᠪᠣᠳᠣᠭᠠᠳ ᠳᠣᠣᠷᠠᠬᠢ ᠬᠡᠳᠦᠨ ᠯᠢᠶᠠᠨᠵᠠᠩ ᠢ᠋ᠶ᠋ᠠᠨ ᠴᠤᠭᠯᠠᠭᠠᠭᠠᠳ᠄
一 ᠲᠠ ᠨᠠᠷ ᠪᠣᠳᠣᠵᠤ ᠦᠵᠡ!᠂ ᠣᠳᠣ ᠶᠠᠭᠠᠬᠢᠨ᠎ᠠ ᠪᠣᠢ? ᠴᠣᠭᠪᠠᠭᠠᠲᠤᠷ ᠲᠤᠸᠠᠨᠵᠠᠩ ᠤ᠋ᠨ ᠴᠡᠷᠢᠭ ᠪᠦᠷᠢᠳᠬᠡᠬᠦ ᠭᠡᠳᠡᠭ ᠨᠢ ᠬᠤᠳᠠᠯ᠂ ᠪᠢᠳᠡᠨᠦᠰ ᠢ ᠴᠣᠭᠪᠠᠭᠠᠲᠤᠷ ᠠ᠋ᠴᠠ ᠵᠢᠭᠠᠪᠤᠷᠢ ᠠᠪᠬᠤ ᠦᠭᠡᠢ ᠳᠤᠷ᠎ᠠ ᠲᠠᠪᠠ ᠪᠠᠷ ᠢ᠋ᠶ᠋ᠠᠨ ᠲᠡᠢᠨ ᠦ᠌ ᠲᠠᠯᠠᠪᠤᠷ ᠠ᠋ᠴᠠ ᠵᠢᠭᠤᠲᠠᠯ᠎ᠠ ᠭᠡᠰᠡᠨ ᠶᠠᠯ᠎ᠠ ᠨᠥᠮᠥᠷᠦᠭᠦᠯᠬᠦ ᠨᠢ ᠦᠨᠡᠨ᠃ ᠲᠡᠭᠡᠪᠡᠯ ᠴᠢᠨᠢ ᠪᠠᠰᠠ ᠣᠷᠭᠣᠳᠠᠭᠤᠯ ᠤ᠋ᠨ ᠬᠠᠷ᠎ᠠ ᠴᠡᠷᠢᠭ ᠦ᠋ᠨ ᠫᠤᠤ ᠵᠡᠪᠰᠡᠭ ᠢ ᠮᠤᠰᠬᠢᠭᠰᠠᠨ ᠪᠣᠯᠬᠣᠷ ᠣᠳᠣ ᠶᠠᠯ᠎ᠠ ᠳᠡᠭᠡᠷ᠎ᠡ ᠶᠠᠯ᠎ᠠ᠃ ᠠᠬ᠎ᠠ ᠳᠡᠭᠦᠦ ᠨᠠᠷ ᠠ᠋ ᠣᠳᠣ ᠪᠢᠳᠡ ᠶᠠᠭᠠᠬᠢᠪᠠᠯ ᠲᠠᠭᠠᠷᠠᠨ᠎ᠠ ᠪᠣᠢ? ᠭᠡᠰᠡᠨ ᠳ᠋ᠦ᠍ ᠬᠡᠳᠦᠨ ᠯᠢᠶᠠᠨᠵᠠᠩ ᠨᠢ᠄
一 ᠲᠠᠨ ᠤ᠋ ᠪᠣᠳᠣᠬᠤ ᠪᠠᠷ ᠶᠠᠭᠠᠬᠢᠯᠲᠠᠢ ᠪᠣᠢ? ᠭᠡᠵᠦ ᠭᠡᠳᠡᠷᠭᠦ ᠠᠰᠠᠭᠤᠪᠠ᠃ ᠠᠩᠴᠢᠨᠵᠠᠪ ᠬᠡᠰᠡᠭ ᠳᠠᠭᠤᠨ ᠦᠭᠡᠢ ᠰᠠᠭᠤᠭᠰᠠᠨ ᠢ᠋ᠶ᠋ᠠᠨ
一 ᠮᠢᠨᠦ ᠦᠵᠡᠬᠦ ᠪᠡᠷ ᠡᠨᠳᠡ ᠡᠴᠡ ᠵᠠᠢᠳᠠᠵᠤ ᠶᠠᠪᠤᠵᠠᠭᠠᠶ᠎ᠠ᠃ ᠬᠠᠷ᠎ᠠ ᠪᠣᠷᠣ ᠴᠡᠷᠢᠭ ᠦ᠋ᠨ ᠳᠤᠮᠳᠠ ᠬᠠᠪᠴᠢᠭᠳᠠᠭᠠᠳ᠁ ᠣᠳᠣ ᠡᠢᠮᠦ ᠯᠡ ᠭᠠᠭᠴᠠᠬᠠᠨ ᠵᠠᠮ ᠪᠠᠢᠨ᠎ᠠ᠃ ᠡᠰᠡ ᠲᠡᠢᠮᠦ ᠪᠣᠯ ᠪᠢᠳᠡ ᠰᠠᠢᠨ ᠢ᠋ᠶ᠋ᠠᠨ ᠣᠯᠵᠤ ᠦᠵᠡᠬᠦ ᠦᠭᠡᠢ ᠠ᠋! ᠭᠡᠵᠦ ᠡᠷᠡᠰ ᠲᠠᠰᠤᠷᠬᠠᠢ ᠬᠡᠯᠡᠪᠡᠯ ᠨᠥᠭᠦᠭᠡ ᠬᠡᠳᠦᠨ ᠯᠢᠶᠠᠨᠵᠠᠩ ᠨᠢ᠄
一 ᠵᠠᠢᠯᠠᠭᠠᠳ ᠬᠠᠮᠢᠭ᠎ᠠ ᠶᠠᠪᠤᠬᠤ ᠪᠣᠢ ? ᠥᠨᠥᠳᠥᠷ ᠬᠠᠷ᠎ᠠ ᠴᠡᠷᠢᠭ ᠰᠢᠷ᠎ᠠ ᠴᠡᠷᠢᠭ᠂ ᠮᠠᠷᠭᠠᠲᠤᠷ ᠪᠣᠷᠣ ᠴᠡᠷᠢᠭ ᠮᠣᠷᠣ ᠴᠡᠷᠢᠭ ᠭᠡᠳ᠁
一 ᠪᠢᠳᠡ ᠴᠢᠨᠢ ᠪᠦᠷ ᠠᠷᠤ ᠭᠡᠷ ᠲᠡᠭᠡᠨ ᠠᠪᠤ ᠡᠵᠢ ᠠᠪᠠᠭᠠᠢ ᠬᠡᠦᠬᠡᠳ ᠭᠡᠳ ᠴᠢᠷᠦᠭᠳᠡᠯ ᠲᠡᠢ ᠬᠥᠮᠦᠰ ᠰᠢᠦ᠃ ᠭᠡᠷ ᠲᠡᠷᠭᠡ ᠮᠠᠯ ᠬᠤᠢ ᠠ᠋ᠴᠠ ᠪᠠᠨ ᠶᠠᠭᠠᠬᠢᠵᠤ ᠰᠠᠯᠬᠤ ᠪᠣᠢ?
一 ᠴᠣᠭᠪᠠᠭᠠᠲᠤᠷ ᠲᠤᠸᠠᠨᠵᠠᠩ ᠶᠠᠭᠠᠬᠢᠯ᠎ᠠ ᠭᠡᠵᠦ ᠪᠢᠳᠡᠨᠦᠰ ᠲᠦ᠍ ᠶᠠᠯ᠎ᠠ ᠲᠤᠯᠭᠠᠬᠤ ᠶᠤᠮ⁈ ᠪᠢᠳᠡ ᠨᠤᠲᠤᠭ ᠤ᠋ᠨ ᠴᠡᠷᠢᠭ ᠦ᠋ᠨ ᠢ᠋ᠶ᠋ᠡᠨ ᠬᠦᠴᠦ ᠶ᠋ᠢ ᠬᠠᠮᠠᠭᠠᠯᠠᠬᠤ ᠭᠡᠵᠦ ᠲᠡᠢᠨ ᠦ᠌ ᠲᠠᠯᠠᠪᠤᠷ ᠠ᠋ᠴᠠ ᠰᠠᠯᠤᠭᠰᠠᠨ ᠠ᠋ᠴᠠ ᠪᠢᠰᠢ᠂ ᠶᠠᠮᠠᠷ ᠬᠤᠯᠠᠭᠠᠢ ᠳᠡᠭᠡᠷᠡᠮ ᠬᠢᠭᠰᠡᠨ ᠴᠦ᠍ ᠪᠢᠰᠢ ᠳᠡ!
一 ᠬᠠᠷ᠎ᠠ ᠴᠡᠷᠢᠭ ᠦ᠋ᠨ ᠫᠤᠤ ᠵᠡᠪᠰᠡᠭ ᠢ ᠮᠤᠰᠬᠢᠭᠰᠠᠨ ᠨᠢ ᠴᠦ᠍ ᠪᠢᠳᠡ ᠴᠡᠷᠢᠭ ᠦ᠋ᠨ ᠬᠦᠴᠦ ᠲᠠᠮᠢᠷ ᠢ᠋ᠶ᠋ᠠᠨ ᠴᠢᠩᠭᠠᠳᠬᠠᠭᠰᠠᠨ ᠪᠣᠯᠬᠣᠷ ᠪᠤᠷᠤᠭᠤ ᠦᠭᠡᠢ᠃ ᠪᠠᠭ᠎ᠠ ᠬᠠᠲᠤᠨ ᠰᠧᠯᠢᠩ ᠳ᠋ᠦ᠍ ᠬᠠᠷᠢᠨ ᠦᠨᠡᠨ ᠴᠠᠭᠠᠨ ᠢ᠋ᠶ᠋ᠠᠨ ᠬᠡᠯᠡᠪᠡᠯ ᠡᠭᠦᠨ ᠢ ᠶᠠᠯ᠎ᠠ ᠬᠡᠯᠡᠯᠴᠡᠬᠦ ᠦᠭᠡᠢ ᠶᠦᠮ ᠪᠠᠢᠯᠭᠦᠢ ᠭᠡᠵᠡᠭᠡᠪᠡ᠃
一 ᠥᠨᠥᠳᠥᠷ ᠪᠢᠳᠡᠨᠦᠰ ᠢ ᠪᠠᠭ᠎ᠠ ᠬᠠᠲᠤᠨ ᠰᠧᠯᠢᠩ ᠳᠠᠭᠤᠳᠠᠵᠤ ᠪᠠᠢᠭ᠎ᠠ ᠪᠢᠰᠢ ᠰᠢᠦ ᠳᠡ! ᠬᠠᠷᠢᠨ ᠴᠣᠭᠪᠠᠭᠠᠲᠤᠷ ᠳᠠᠭᠤᠳᠠᠵᠤ ᠪᠠᠢᠨ᠎ᠠ᠃ ᠮᠡᠳᠡᠪᠡ ᠤᠤ?
一 ᠬᠡᠨ ᠲᠠᠭᠤᠲᠠᠯ᠎ᠠ ᠴᠤ᠌ ᠭᠡᠰᠡᠨ ᠪᠢᠳᠡ ᠣᠴᠢᠵᠤ ᠪᠠᠢᠭᠠᠳ ᠦᠨᠡᠨ ᠴᠠᠭᠠᠨ ᠢ᠋ᠶ᠋ᠠᠨ ᠬᠡᠯᠡᠬᠦ ᠡᠴᠡ ᠪᠢᠰᠢ ᠵᠠᠢᠯᠠᠵᠤ ᠶᠠᠪᠤᠭᠠᠳ ᠣᠷᠭᠣᠳᠠᠭᠤᠯ ᠪᠣᠯᠬᠤ ᠦᠭᠡᠢ ᠭᠡᠪᠡ᠃
一 ᠵᠠ᠂ ᠪᠣᠯᠢ! ᠲᠠ ᠨᠠᠷ ᠮᠢᠨᠦ ᠰᠠᠨᠠᠯ ᠢ᠋ᠶ᠋ᠠᠷ ᠶᠠᠪᠤᠬᠤ ᠦᠭᠡᠢ ᠪᠣᠯ ᠪᠠᠢᠭ᠂ ᠬᠣᠵᠢᠮ ᠴᠣᠭᠪᠠᠭᠠᠲᠤᠷ ᠶᠠᠯ᠎ᠠ ᠨᠡᠬᠡᠮᠵᠢᠯᠡᠪᠡᠯ ᠪᠢ ᠲᠣᠯᠣᠭᠠᠢ ᠪᠠᠷ ᠢ᠋ᠶ᠋ᠠᠨ ᠳᠠᠭᠠᠭᠠᠶᠠ! ᠭᠡᠵᠦ ᠮᠠᠰᠢᠳᠠ ᠤᠨᠲᠤᠭᠤᠴᠠᠨ ᠴᠡᠷᠢᠭ ᠮᠣᠷᠢ ᠪᠠᠨ ᠴᠤᠭᠯᠠᠭᠤᠯᠵᠤ ᠰᠢᠷᠡᠭᠡ ᠶ᠋ᠢᠨ ᠰᠦᠮ᠎ᠡ ᠶ᠋ᠢᠨ ᠪᠤᠯᠤᠩ ᠤᠷᠤᠭᠤ ᠲᠣᠭᠣᠰᠣ ᠮᠠᠨᠠᠷᠠᠭᠤᠯᠤᠨ ᠳᠣᠪᠲᠣᠯᠪᠠ᠃
ᠠᠩᠴᠢᠨᠵᠠᠪ ᠰᠢᠷᠡᠭᠡ ᠶ᠋ᠢᠨ ᠰᠦᠮ᠎ᠡ ᠶ᠋ᠢᠨ ᠪᠤᠯᠤᠩ ᠳ᠋ᠤ᠌ ᠬᠦᠷᠴᠦ ᠮᠣᠷᠢᠨ ᠠ᠋ᠴᠠ ᠪᠠᠨ ᠪᠠᠭᠤᠪᠠᠯ ᠬᠣᠶᠠᠷ ᠮᠥᠷᠯᠡᠨ ᠵᠢᠭᠰᠠᠭᠰᠠᠨ ᠴᠡᠷᠢᠭ ᠦ᠋ᠳ ᠦ᠋ᠨ ᠰᠦᠷ ᠵᠢᠪᠬᠤᠭ᠎ᠠ ᠡᠲᠡᠭᠡᠳ ᠠᠲᠠᠯ᠎ᠠ ᠰᠣᠨᠢᠨ ᠬᠥᠩᠭᠡᠮᠰᠦᠭ ᠰᠠᠨᠠᠭᠳᠠᠵᠠᠢ᠃ ᠲᠡᠭᠡᠲᠡᠯ᠎ᠡ ᠳᠠᠷᠤᠭ᠎ᠠ ᠶ᠋ᠢᠨ ᠳᠠᠭᠠᠯᠲᠠ ᠴᠡᠷᠢᠭ ᠡᠴᠡ ᠨᠢᠭᠡ ᠨᠢ ᠠᠩᠴᠢᠨᠵᠠᠪ ᠤ᠋ᠨ ᠳᠡᠷᠭᠡᠳᠡ ᠢᠷᠡᠵᠦ᠄
一 ᠬᠡᠰᠢᠭᠲᠡᠢ ᠭᠤᠸᠠᠢ ᠠ᠋! ᠴᠣ ᠲᠤᠸᠠᠨᠵᠠᠩ ᠲᠠᠨ ᠢ ᠬᠣᠢᠲᠤ ᠭᠡᠷ ᠲᠦ᠍ ᠳᠠᠭᠤᠳᠠᠵᠤ ᠪᠣᠢ᠃ ᠲᠠ ᠮᠣᠷᠢᠯᠠᠨ ᠰᠠᠭᠠᠲᠠᠬᠤ ᠪᠣᠯᠪᠠ ᠤᠤ? ᠭᠡᠳ ᠲᠡᠭᠦᠨ ᠳ᠋ᠦ᠍ ᠵᠠᠮᠴᠢᠯᠠᠨ ᠶᠠᠪᠤᠪᠠ᠃ ᠠᠩᠴᠢᠨᠵᠠᠪ ᠤ᠋ᠨ ᠳᠣᠲᠣᠷ᠎ᠠ ᠪᠠᠢᠳᠠᠯ ᠮᠠᠭᠤ ᠪᠣᠯᠤᠭᠰᠠᠨ ᠭᠡᠳᠡᠭ ᠢ ᠮᠡᠳᠡᠭᠰᠡᠨ ᠪᠣᠯᠪᠠᠴᠤ ᠥᠴᠦᠬᠡᠨ ᠴᠦ᠍ ᠰᠦᠷᠳᠡᠨ ᠪᠠᠯᠠᠮᠠᠭᠳᠠᠭᠰᠠᠨ ᠦᠭᠡᠢ ᠴᠡᠷᠢᠭ ᠬᠥᠮᠦᠨ ᠦ᠌ ᠡᠷᠡᠰ ᠠᠯᠬᠤᠭ᠎ᠠ ᠪᠠᠷ ᠠᠯᠬᠤᠵᠤ ᠬᠣᠢᠲᠤ ᠭᠡᠷ ᠲᠦ᠋ᠨᠢ ᠣᠷᠣᠵᠤ ᠣᠴᠢᠬᠤᠯ᠎ᠠ᠂ ᠨᠢᠭᠡ ᠴᠦ᠍ ᠬᠥᠮᠦᠨ ᠬᠠᠷ᠎ᠠ ᠦᠭᠡᠢ ᠬᠣᠭᠣᠰᠣᠨ ᠭᠡᠷ ᠪᠠᠢᠯ᠎ᠠ᠃ ᠠᠩᠴᠢᠨᠵᠠᠪ᠄
一 ᠴᠣ ᠲᠤᠸᠠᠨᠵᠠᠩ ᠬᠠᠮᠢᠭ᠎ᠠ ᠪᠠᠢᠨ᠎ᠠ? ᠭᠡᠵᠦ ᠥᠨᠳᠥᠷ ᠳᠠᠭᠤᠨ ᠢ᠋ᠶ᠋ᠠᠷ ᠬᠠᠰᠬᠢᠷᠪᠠᠯ《ᠡᠨᠳᠡ ᠪᠠᠢᠨ᠎ᠠ》 ᠭᠡᠵᠦ ᠬᠠᠷᠢᠭᠤ ᠳᠠᠭᠤᠨ ᠭᠠᠷᠬᠤ ᠰᠢᠭ᠋ ᠪᠣᠯᠤᠭᠰᠠᠨ ᠢ᠋ᠶ᠋ᠠᠨ ᠨᠢᠭᠡ ᠮᠡᠳᠡᠬᠦ ᠳ᠋ᠦ᠍ ᠲᠡᠭᠦᠨ ᠦ᠌ ᠮᠠᠩᠨᠠᠢ ᠶ᠋ᠢᠨ ᠭᠣᠣᠯ᠂ ᠬᠣᠶᠠᠷ ᠴᠢᠮᠠᠯᠠᠬᠠᠢ ᠳ᠋ᠤ᠌ ᠬᠦᠢᠲᠡᠨ ᠫᠤᠤ ᠲᠤᠯᠭᠠᠵᠤ《ᠪᠤᠤ ᠬᠥᠳᠡᠯ》᠂《ᠠᠬᠤᠷ ᠫᠤᠤ ᠪᠠᠨ ᠲᠤᠰᠢᠶ᠎ᠠ!》 ᠭᠡᠵᠦ ᠵᠠᠩᠳᠤᠷᠪᠠ᠃ ᠠᠩᠴᠢᠨᠵᠠᠪ ᠮᠠᠰᠢ ᠰᠤᠷᠮᠠᠭᠠᠢ ᠪᠠᠷ ᠪᠥᠰᠡᠨ ᠳ᠋ᠡᠬᠢ ᠠᠬᠤᠷ ᠫᠤᠤ ᠪᠠᠨ ᠰᠤᠭᠤᠯᠤᠨ ᠠᠪᠴᠤ ᠫᠠᠳ ᠬᠢᠲᠡᠯ᠎ᠡ ᠴᠣᠬᠢᠵᠤ ᠥᠭᠪᠡ᠃
ᠠᠩᠴᠢᠨᠵᠠᠪ ᠮᠥᠨ ᠲᠡᠷᠡ ᠬᠣᠭᠣᠰᠣᠨ ᠭᠡᠷ ᠲᠦ᠍ ᠬᠣᠷᠢᠭᠳᠠᠵᠤ᠂ ᠡᠭᠦᠳᠡᠨ ᠳᠡᠭᠡᠷ᠎ᠡ ᠨᠢ ᠬᠣᠶᠠᠷ ᠬᠣᠶᠠᠷ ᠴᠡᠷᠢᠭ ᠮᠠᠨᠠᠭ᠎ᠠ ᠡᠭᠡᠯᠵᠢᠯᠡᠨ ᠵᠣᠭᠰᠣᠳᠠᠭ ᠪᠣᠯᠪᠠ᠃
ᠠᠩᠴᠢᠨᠵᠠᠪ ᠬᠣᠷᠢᠭᠤᠯ ᠤ᠋ᠨ ᠭᠡᠷ ᠳᠣᠲᠣᠷ᠎ᠠ ᠠ᠋ᠴᠠ ᠭᠠᠳᠠᠨ᠎ᠠ ᠲᠡᠭᠦᠨ ᠦ᠌ ᠴᠡᠷᠢᠭ ᠦ᠋ᠨ ᠫᠤᠤ ᠵᠡᠪᠰᠡᠭ ᠢ ᠬᠤᠷᠢᠶᠠᠮᠵᠢᠯᠠᠵᠤ ᠪᠠᠢᠬᠤ ᠳᠠᠭᠤ ᠴᠢᠮᠡᠭᠡ ᠶ᠋ᠢ ᠲᠣᠪ ᠲᠣᠳᠣᠬᠠᠨ ᠣᠯᠵᠤ ᠰᠣᠨᠣᠰᠪᠠ᠃《ᠠᠪᠠᠭᠠᠢ ᠬᠡᠦᠬᠡᠳ ᠰᠢᠭ ᠠᠷᠭᠠᠯ ᠲᠦᠯᠡᠰᠢᠨ ᠡᠴᠡ ᠴᠠᠭᠠᠰᠢ ᠠᠯᠤᠰ ᠢ ᠪᠣᠳᠣᠵᠤ ᠴᠢᠳᠠᠳᠠᠭ ᠦᠭᠡᠢ ᠮᠠᠨ ᠤ᠋ ᠮᠣᠩᠭᠣᠯᠴᠤᠳ ᠳᠠᠩᠴᠤ ᠬᠥᠭᠡᠷᠦᠬᠦᠢ! ᠬᠡᠵᠢᠶ᠎ᠡ ᠬᠠᠮᠠᠷ ᠲᠤᠨᠢ ᠤᠲᠤᠭ᠎ᠠ ᠣᠷᠣᠵᠤ ᠤᠬᠠᠭᠠᠨ ᠣᠷᠣᠳᠠᠭ ᠪᠣᠯ⁈》 ᠭᠡᠵᠦ ᠨᠥᠭᠦᠭᠡ ᠬᠡᠳᠦᠨ ᠯᠢᠶᠠᠨᠵᠠᠩ ᠤ᠋ᠨ ᠣᠬᠣᠷ ᠪᠣᠳᠣᠯ ᠢ ᠰᠠᠨᠠᠵᠤ᠂ ᠵᠣᠷᠢᠭᠯᠠᠵᠤ ᠪᠠᠢᠭᠠᠳ ᠵᠠᠮ ᠪᠤᠷᠤᠭᠤᠯᠠᠴᠢᠬᠠᠭᠰᠠᠨ ᠪᠣᠯ ᠲᠠᠭᠠᠷᠠᠬᠤ ᠪᠠᠢᠭᠰᠠᠨ ᠶᠤᠮ᠃ ᠶᠠᠭᠠᠬᠢᠯ᠎ᠠ ᠭᠡᠵᠦ ᠡᠨᠡ ᠪᠤᠷᠤᠭᠤ ᠨᠣᠮᠲᠠᠨ ᠤ᠋ ᠭᠠᠷ ᠲᠤ᠌ ᠣᠷᠣᠵᠤ ᠮᠠᠭᠤ ᠪᠠᠨ ᠦᠵᠡᠬᠦ ᠪᠢᠯᠡ⁈ ᠡᠭᠦᠨ ᠦ᠌ ᠭᠠᠷ ᠠ᠋ᠴᠠ ᠵᠦᠭᠡᠷ ᠮᠤᠯᠲᠤᠷᠠᠨ᠎ᠠ ᠭᠡᠵᠦ ᠪᠠᠢᠳᠠᠭ ᠦᠭᠡᠢ ᠬᠡᠷᠡᠭ ᠭᠡᠵᠦ ᠪᠣᠳᠣᠬᠤ ᠲᠠᠢ ᠵᠡᠷᠭᠡ《ᠦᠬᠦᠯ》 ᠭᠡᠳᠡᠭ ᠭᠠᠭᠴᠠᠬᠠᠨ ᠬᠠᠷᠠᠩᠭᠤᠢ ᠰᠡᠭᠦᠳᠡᠷ ᠨᠡᠲᠦᠪᠡᠯᠵᠡᠵᠦ ᠬᠠᠷᠠᠭᠳᠠᠬᠤ ᠰᠢᠭ᠋ ᠪᠣᠯᠪᠠ᠃
《ᠪᠠᠭ᠎ᠠ ᠬᠠᠲᠤᠨ ᠠ᠋ᠴᠠ ᠥᠭᠡᠷ᠎ᠡ ᠬᠥᠮᠦᠨ ᠢ ᠨᠢᠳᠦᠨ ᠳ᠋ᠡᠭᠡᠨ ᠡᠯᠭᠦᠳᠡᠭ ᠦᠭᠡᠢ ᠣᠮᠣᠭ ᠰᠦᠷ ᠴᠢᠨᠢ ᠶᠠᠭᠠᠬᠢᠪᠠ? ᠴᠢᠭᠢᠶᠡᠲᠦᠷᠦᠦ!》 ᠭᠡᠵᠦ ᠪᠣᠳᠣᠭᠰᠠᠨ ᠴᠣᠭᠪᠠᠭᠠᠲᠤᠷ᠄
一 ᠬᠡᠰᠢᠭᠲᠡᠢ ᠴᠢ ᠶᠠᠮᠠᠷ ᠰᠦᠷᠡᠬᠡᠢ ᠪᠦᠳᠦᠭᠦᠨ ᠵᠢᠷᠦᠬᠡ ᠲᠡᠢ ᠡᠷ᠎ᠡ ᠪᠣᠢ! ᠶᠠᠭᠤ ᠪᠣᠳᠣᠵᠤ ᠵᠠᠩᠵᠤᠨ ᠶᠠᠮᠤᠨ ᠤ᠋ ᠮᠣᠬᠣᠭᠰᠠᠨ ᠴᠡᠷᠢᠭ ᠦ᠋ᠨ ᠫᠤᠤ ᠵᠡᠪᠰᠡᠭ ᠢ ᠮᠤᠰᠬᠢᠪᠡ⁈ ᠭᠡᠬᠦ ᠳ᠋ᠦ᠍ ᠠᠩᠴᠢᠨᠵᠠᠪ ᠴᠣᠭᠪᠠᠭᠠᠲᠤᠷ ᠢ ᠭᠥᠯᠢᠢᠵᠦ ᠬᠠᠷᠠᠨ ᠦᠭᠡ ᠳᠤᠤᠭᠠᠷᠤᠭᠰᠠᠨ ᠦᠭᠡᠢ᠃
一 ᠠᠢ᠂ ᠶᠠᠭᠠᠬᠢᠭᠠᠳ ᠦᠭᠡ ᠳᠤᠤᠭᠠᠷᠬᠤ ᠦᠭᠡᠢ ᠪᠠᠢᠨ᠎ᠠ? ᠬᠡᠢ ᠭᠠᠵᠠᠷ ᠣᠮᠣᠭᠳᠠᠵᠤ ᠬᠥᠮᠦᠨ ᠦ᠌ ᠭᠠᠨᠵᠤᠭ᠎ᠠ ᠪᠠᠭᠤᠯᠭᠠᠳᠠᠭ ᠪᠦᠳᠦᠭᠦᠨ ᠵᠢᠷᠦᠬᠡ ᠴᠢᠨᠢ ᠶᠠᠭᠠᠬᠢᠪᠠ? ᠣᠳᠣ ᠠᠮᠢᠨ ᠳ᠋ᠤ᠌ ᠴᠢᠨᠢ ᠣᠷᠣᠬᠤ ᠳ᠋ᠤ᠌ ᠠᠶᠤᠳᠠᠭ ᠪᠣᠯᠪᠠ ᠤᠤ?
一 ᠠᠶᠤᠬᠤ ᠶᠠᠭᠤ ᠪᠠᠢᠬᠤ ᠪᠣᠢ! ᠠᠶᠤᠪᠠᠯ ᠪᠤᠤ ᠬᠢ᠂ ᠬᠢᠪᠡᠯ ᠪᠤᠤ ᠠᠶᠤ ᠭᠡᠳᠡᠭ᠃ ᠮᠠᠭᠤ ᠰᠠᠢᠨ ᠬᠠᠷ᠎ᠠ ᠴᠡᠷᠢᠭ ᠦ᠋ᠨ ᠳᠡᠭᠡᠷᠡᠮ ᠦ᠋ᠳ ᠢ ᠲᠣᠨᠢᠯᠭᠠᠵᠤ ᠪᠠᠷᠠᠬᠤ ᠦᠭᠡᠢ ᠪᠣᠯ ᠮᠠᠨ ᠤ᠋ ᠨᠤᠲᠤᠭ ᠶᠡᠷᠦ ᠨᠢ ᠠᠮᠤᠷ ᠵᠠᠶᠠᠭ᠎ᠠ ᠦᠵᠡᠬᠦ ᠦᠭᠡᠢ ᠠ᠋!
一 ᠡᠨᠡ ᠣᠮᠣᠭ ᠰᠦᠷ ᠢ᠋ᠶ᠋ᠡᠷ ᠢ᠋ᠶ᠋ᠡᠨ ᠪᠣᠷᠣ ᠴᠡᠷᠢᠭ ᠦ᠋ᠨ ᠡᠮᠦᠨ᠎ᠡ ᠡᠴᠡ ᠡᠷᠡᠮᠡᠬᠡᠢ ᠲᠤᠯᠵᠤ ᠪᠠᠢᠯᠳᠤᠳᠠᠭ ᠦᠭᠡᠢ᠃ ᠶᠠᠭᠤᠨ ᠳ᠋ᠤ᠌ ᠳᠤᠲᠠᠭᠠᠪᠠ? ᠳᠤᠲᠠᠭᠠᠬᠤ ᠳ᠋ᠠᠭᠠᠨ ᠪᠠᠰᠠ ᠵᠦᠭᠡᠷ ᠪᠠᠢᠬᠤ ᠦᠭᠡᠢ ᠮᠣᠬᠣᠭᠰᠠᠨ ᠴᠡᠷᠢᠭ ᠦ᠋ᠨ ᠫᠤᠤ ᠵᠡᠪᠰᠡᠭ ᠢ ᠮᠤᠰᠬᠢᠵᠦ ᠶᠠᠪᠤᠨ᠎ᠠ ᠭᠡᠳᠡᠭ ᠴᠢᠨᠢ᠁ ᠣᠳᠣ ᠴᠠᠭᠠᠨ᠎ᠠ ᠴᠢᠨᠢ ᠶᠠᠭᠤ ᠪᠣᠯᠵᠤ ᠪᠠᠢᠭ᠎ᠠ ᠶ᠋ᠢ ᠬᠡᠰᠢᠭᠲᠡᠢ ᠴᠢ ᠮᠡᠳᠡᠵᠦ ᠪᠠᠢᠨ᠎ᠠ ᠤᠤ?
一 ᠮᠡᠳᠡᠬᠦ ᠦᠭᠡᠢ᠃
一 ᠪᠢ ᠴᠢᠮᠠᠶ᠋ᠢ ᠴᠠᠭᠠᠵᠠᠯᠠᠬᠤ ᠴᠤ᠌ ᠭᠠᠢᠭᠤᠢ ᠬᠡᠷᠡᠭ᠃ ᠵᠠᠩᠵᠤᠨ ᠶᠠᠮᠤᠨ ᠤ᠋ ᠬᠢᠨ ᠴᠢᠮᠠᠶ᠋ᠢ ᠴᠣᠬᠣᠮ ᠶᠠᠭᠠᠬᠢᠳᠠᠭ ᠪᠣᠯ? ᠴᠢ ᠥᠪᠡᠷ ᠢ᠋ᠶ᠋ᠡᠨ ᠮᠡᠳᠡ! ᠡᠨᠡ ᠶᠠᠪᠤᠳᠠᠯ ᠳ᠋ᠤ᠌ ᠴᠠᠭᠠᠳᠤ ᠮᠤᠬᠤᠷ ᠵᠠᠰᠠᠭ ᠴᠢᠨᠢ ᠰᠦᠷᠡᠬᠡᠢ ᠠᠭᠤᠷᠯᠠᠵᠤ ᠪᠠᠢᠨ᠎ᠠ᠃
一 ᠵᠠ᠂ ᠶᠠᠭᠠᠬᠢᠪᠠᠯ ᠶᠠᠭᠠᠬᠢᠭ ᠴᠠᠭᠠᠰᠢ! ᠴᠣᠭᠪᠠᠭᠠᠲᠤᠷ ᠴᠢ ᠥᠨᠥᠳᠥᠷ ᠨᠠᠮᠠᠶ᠋ᠢ ᠣᠮᠣᠭᠳᠠᠵᠤ ᠣᠯᠠᠨ ᠶᠠᠭᠤᠮ᠎ᠠ ᠶᠠᠩᠰᠢᠵᠤ ᠠᠰᠠᠭᠤᠬᠤ ᠬᠡᠷᠡᠭ ᠦᠭᠡᠢ᠃ ᠪᠠᠨᠰᠠᠳᠠᠬᠤ ᠳ᠋ᠤ᠌ ᠪᠤᠬᠤᠷ ᠪᠡᠯᠡᠨ᠂ ᠫᠤᠤᠳᠠᠬᠤ ᠳ᠋ᠤ᠌ ᠠᠮᠢ ᠪᠡᠯᠡᠨ ᠭᠡᠳ ᠠᠩᠴᠢᠨᠵᠠᠪ ᠴᠣᠭᠪᠠᠭᠠᠲᠤᠷ ᠢ ᠱᠠᠯ ᠲᠣᠭᠣᠬᠤ ᠦᠭᠡᠢ ᠶᠠᠭᠤᠮ᠎ᠠ ᠶᠠᠷᠢᠵᠤ ᠠᠵᠢᠭ ᠴᠤ᠌ ᠦᠭᠡᠢ ᠵᠣᠭᠰᠣᠨ᠎ᠠ᠃
ᠴᠣᠭᠪᠠᠭᠠᠲᠤᠷ ᠬᠡᠰᠢᠭᠲᠡᠢ ᠶ᠋ᠢ ᠥᠴᠢᠭᠯᠡᠨ ᠰᠢᠭᠦᠭᠰᠡᠨ ᠪᠣᠯᠪᠠᠴᠤ ᠲᠠᠩᠳᠠ ᠳᠠᠷᠢ ᠡᠮᠬᠦᠭᠰᠡᠨ ᠬᠡᠷᠡᠭᠦᠯ ᠦ᠋ᠨ ᠰᠢᠷᠦᠭᠦᠨ ᠦᠭᠡ ᠪᠡᠷ ᠲᠡᠭᠦᠰᠳᠡᠭ ᠲᠦ᠍ ᠴᠣᠭᠪᠠᠭᠠᠲᠤᠷ ᠬᠡᠰᠢᠭᠲᠡᠢ ᠳ᠋ᠦ᠍ ᠭᠤᠷᠪᠠᠨ ᠶᠠᠯ᠎ᠠ ᠳᠤᠬᠤᠪᠠ᠃ ᠲᠡᠷᠡ ᠨᠢ ᠨᠢᠭᠡ ᠳ᠋ᠦ᠍᠂ ᠴᠡᠷᠢᠭ ᠦ᠋ᠨ ᠬᠥᠮᠦᠨ ᠦ᠌ ᠬᠤᠪᠢ ᠳ᠋ᠤ᠌ ᠵᠠᠷᠯᠢᠭ ᠵᠢᠭᠠᠪᠤᠷᠢ ᠳᠠᠭᠠᠬᠤ ᠦᠭᠡᠢ ᠪᠡᠷ ᠳᠤᠷ᠎ᠠ ᠪᠠᠷ ᠢ᠋ᠶ᠋ᠠᠨ ᠲᠡᠢᠨ ᠦ᠌ ᠲᠠᠯᠠᠪᠤᠷ ᠠ᠋ᠴᠠ ᠵᠢᠭᠤᠲᠠᠵᠤ ᠳᠤᠲᠠᠭᠠᠭᠰᠠᠨ ᠶᠠᠯ᠎ᠠ᠃ ᠬᠣᠶᠠᠷ ᠲᠤ᠌᠂ ᠪᠣᠷᠣ ᠴᠡᠷᠢᠭ ᠲᠦ᠍ ᠴᠣᠬᠢᠭᠳᠠᠨ ᠪᠤᠲᠠᠷᠠᠭᠰᠠᠨ ᠵᠠᠩᠵᠤᠨ ᠶᠠᠮᠤᠨ ᠤ᠋ ᠬᠠᠷ᠎ᠠ ᠴᠡᠷᠢᠭ ᠦ᠋ᠨ ᠵᠡᠪᠰᠡᠭᠲᠦ ᠠᠷᠮᠢ ᠶ᠋ᠢᠨ ᠬᠡᠰᠡᠭ ᠴᠡᠷᠢᠭ ᠦ᠋ᠨ ᠫᠤᠤ ᠵᠡᠪᠰᠡᠭ ᠢ ᠮᠤᠰᠬᠢᠵᠦ ᠴᠥᠭᠡᠪᠦᠷ ᠲᠣᠭᠠᠨ ᠤ᠋ ᠴᠡᠷᠢᠭ ᠦ᠋ᠨ ᠬᠥᠮᠦᠨ ᠢ ᠠᠯᠠᠭᠰᠠᠨ ᠶᠠᠯ᠎ᠠ᠃ ᠭᠤᠷᠪᠠ ᠳ᠋ᠤ᠌᠂ ᠪᠣᠷᠣ ᠴᠡᠷᠢᠭ ᠲᠡᠢ ᠴᠠᠭᠠᠭᠤᠷ ᠢ᠋ᠶ᠋ᠠᠨ ᠰᠦᠯᠪᠡᠭᠡ ᠲᠡᠢ ᠭᠡᠪᠡ᠃ ᠢᠩᠭᠢᠭᠡᠳ ᠠᠩᠴᠢᠨᠵᠠᠪ ᠢ ᠬᠦᠢᠲᠡᠨ ᠭᠡᠷ ᠲᠦ᠍ ᠳᠠᠷᠤᠵᠤ ᠳᠠᠪᠬᠤᠷ ᠳᠠᠪᠬᠤᠷ ᠮᠠᠨᠠᠭ᠎ᠠ ᠲᠠᠯᠪᠢᠪᠠ᠃
ᠰᠦᠮ᠎ᠡ ᠶ᠋ᠢᠨ ᠡᠮᠦᠨ᠎ᠡ ᠬᠦᠷᠢᠶᠡᠨ ᠳ᠋ᠦ᠍ ᠰᠥᠨᠢᠵᠢᠨ ᠠᠷᠢᠬᠢᠳᠠᠵᠤ ᠬᠣᠨᠣᠭᠰᠠᠨ ᠴᠣᠭᠪᠠᠭᠠᠲᠤᠷ ᠨᠠᠷ ᠤ᠋ᠨ ᠦᠢᠮᠡᠯᠳᠦᠬᠦ ᠴᠢᠮᠡᠭᠡ ᠶ᠋ᠢ ᠴᠢᠩᠨᠠᠵᠤ ᠬᠡᠪᠲᠡᠭᠰᠡᠨ ᠠᠩᠴᠢᠨᠵᠠᠪ《ᠪᠢ ᠶᠠᠭᠤ ᠪᠣᠳᠣᠵᠤ ᠪᠡᠶ᠎ᠡ ᠪᠡᠨ ᠵᠥᠪ ᠵᠦᠭᠡᠷ ᠡᠨᠡ ᠬᠣᠭᠣᠰᠣᠨ ᠲᠣᠯᠣᠭᠠᠢᠲᠤ ᠴᠣᠭᠪᠠᠭᠠᠲᠤᠷ ᠲᠤ᠌ ᠬᠦᠷᠭᠡᠵᠦ ᠢᠷᠡᠪᠡ? ᠫᠤᠤ ᠵᠡᠪᠰᠡᠭ᠂ ᠴᠡᠷᠢᠭ ᠮᠣᠷᠢ ᠪᠠᠨ ᠬᠤᠷᠢᠶᠠᠯᠭᠠᠵᠤ ᠬᠦᠢᠲᠡᠨ ᠭᠡᠷ ᠲᠦ᠍ ᠬᠣᠷᠢᠭᠳᠠᠬᠤ ᠮᠢᠨᠢ᠁》 ᠭᠡᠵᠦ ᠪᠣᠳᠣᠭᠠᠳ ᠡᠪᠦᠷ ᠳᠣᠲᠣᠷ᠎ᠠ ᠠ᠋ᠴᠠ ᠪᠠᠨ ᠱ᠌ᠢᠷᠦᠨ ᠵᠢᠩᠰᠡ ᠮᠠᠨᠤᠬᠤᠨ ᠬᠥᠬᠦᠦᠷ ᠢ᠋ᠶ᠋ᠡᠨ ᠭᠠᠷᠭᠠᠵᠤ《ᠡᠴᠢᠭᠡ ᠳᠡᠭᠡᠳᠦᠰ ᠦ᠋ᠨ ᠮᠢᠨᠢ ᠦᠯᠡᠳᠡᠭᠡᠵᠦ ᠥᠭᠭᠦᠭᠰᠡᠨ ᠡᠳ᠋ ᠶᠦᠮ ᠠ᠋ ᠬᠥᠭᠡᠷᠦᠬᠦᠢ! ᠴᠣᠭᠪᠠᠭᠠᠲᠤᠷ ᠴᠢ ᠦᠨᠡᠬᠡᠷ ᠨᠠᠮᠠᠶ᠋ᠢ ᠲᠠᠨᠢᠬᠤ ᠦᠭᠡᠢ ᠭᠡᠵᠢ ᠤᠤ? ᠴᠢ ᠪᠢᠳᠡ ᠬᠣᠶᠠᠷ ᠴᠥᠮ ᠮᠢᠩᠭᠠᠨᠪᠤᠤ ᠲᠤᠰᠠᠯᠠᠭᠴᠢ ᠶ᠋ᠢᠨ ᠬᠦᠦ ᠰᠢᠦ ᠳᠡ!᠁》 ᠭᠡᠵᠦ ᠰᠢᠪᠡᠨᠡᠨ ᠪᠡᠶ᠎ᠡ ᠡᠷᠭᠢᠲᠡᠯ᠎ᠡ ᠭᠠᠳᠠᠨ᠎ᠠ ᠡᠭᠦᠳᠡᠨ ᠦ᠌ ᠲᠡᠮᠦᠷ ᠭᠢᠨᠵᠢᠲᠦ ᠳᠡᠪᠬᠡ ᠬᠠᠷᠴᠢᠭᠢᠨᠠᠨ ᠳᠤᠤᠭᠠᠷᠴᠤ ᠨᠢᠭᠡ ᠬᠥᠮᠦᠨ ᠴᠢᠮᠡᠭᠡ ᠦᠭᠡᠢ ᠣᠷᠣᠵᠤ ᠢᠷᠡᠪᠡ᠃ ᠠᠩᠴᠢᠨᠵᠠᠪ ᠬᠢᠷᠳ᠋ᠬᠢᠨ ᠰᠣᠴᠢᠵᠤ《ᠬᠡᠨ ᠪᠣᠢ?》 ᠭᠡᠵᠦ ᠠᠰᠠᠭᠤᠵᠤ ᠠᠮᠵᠢᠯ ᠦᠭᠡᠢ ᠨᠥᠭᠦᠭᠡ ᠣᠷᠣᠵᠤ ᠢᠷᠡᠭᠰᠡᠨ ᠬᠥᠮᠦᠨ᠄
一 ᠠᠩᠴᠢᠨᠵᠠᠪ ᠠ᠋! ᠪᠣᠰᠢᠭᠣ ᠬᠥᠳᠡᠯ! ᠶᠠᠪᠤᠵᠠᠭᠠᠶ᠎ᠠ! ᠭᠡᠰᠡᠨ ᠳᠠᠭᠤ ᠪᠠᠷ ᠨᠢ ᠵᠠᠩᠴᠣᠪ ᠪᠣᠯᠬᠤ ᠶ᠋ᠢ ᠲᠠᠨᠢᠵᠤ ᠬᠣᠶᠠᠭᠤᠯᠠ ᠲᠡᠨᠳᠡ ᠡᠴᠡ ᠱᠠᠯᠠᠪ ᠬᠥᠳᠡᠯᠪᠡ᠃
ᠵᠠᠩᠴᠣᠪ᠂ ᠲᠡᠮᠦᠷᠰᠦᠬᠡ ᠬᠡᠳᠦᠭᠦᠯᠡ ᠨᠠᠢᠮᠠᠨᠵᠢᠩ᠂ ᠳᠤᠭᠠᠷᠵᠠᠪ ᠨᠠᠷ ᠤ᠋ᠨ ᠴᠡᠷᠢᠭ ᠳᠣᠲᠣᠷ᠎ᠠ ᠠ᠋ᠴᠠ ᠲᠤᠰᠠᠯᠠᠮᠵᠢ ᠦᠵᠡᠭᠦᠯᠦᠭᠰᠡᠨ ᠢ᠋ᠶ᠋ᠡᠷ ᠠᠩᠴᠢᠨᠵᠠᠪ ᠤ᠋ᠨ ᠬᠣᠷᠢᠭᠤᠯ ᠤ᠋ᠨ ᠡᠭᠦᠳᠡᠨ ᠦ᠌ ᠮᠠᠨᠠᠭ᠎ᠠ ᠶ᠋ᠢ ᠰᠡᠮᠡᠬᠡᠷ ᠤᠬᠠᠭᠠᠨ ᠬᠢᠵᠦ ᠲᠡᠭᠦᠨ ᠢ ᠭᠠᠷᠭᠠᠵᠤ ᠠᠪᠤᠭᠰᠠᠨ ᠨᠢ ᠡᠨᠡ ᠪᠠᠢᠵᠠᠢ᠃
ᠡᠨᠡ ᠬᠡᠳᠦᠭᠦᠯᠡ ᠰᠢᠷᠡᠭᠡ ᠶ᠋ᠢᠨ ᠰᠦᠮ᠎ᠡ ᠶ᠋ᠢᠨ ᠪᠤᠯᠤᠩ ᠠ᠋ᠴᠠ ᠮᠣᠷᠳᠠᠵᠤ ᠳᠡᠮᠡᠢ ᠶᠠᠪᠤᠭᠰᠠᠨ ᠦᠭᠡᠢ ᠶᠠᠭᠤᠨ ᠤ᠋ ᠴᠡᠷᠢᠭ ᠪᠣᠯᠬᠤ ᠨᠢ ᠮᠡᠳᠡᠭᠳᠡᠬᠦ ᠦᠭᠡᠢ ᠪᠦᠯᠦᠭ ᠴᠡᠷᠢᠭ ᠲᠦ᠍ ᠪᠦᠰᠡᠯᠡᠭᠳᠡᠪᠡ᠃ ᠬᠠᠷᠠᠩᠭᠤᠢ ᠰᠥᠨᠢ ᠪᠣᠯᠬᠣᠷ ᠶᠠᠭᠤ ᠴᠤ᠌ ᠦᠵᠡᠭᠳᠡᠬᠦ ᠦᠭᠡᠢ᠂ ᠵᠥᠪᠬᠡᠨ ᠬᠡᠳᠦᠨ ᠵᠦᠭ ᠡᠴᠡ ᠫᠤᠤ ᠲᠠᠴᠢᠭᠢᠨᠠᠵᠤ《ᠠᠮᠢᠳᠤ ᠪᠠᠷ ᠨᠢ ᠪᠡᠷᠢ!》 ᠭᠡᠰᠡᠨ ᠴᠡᠷᠢᠭ ᠦ᠋ᠳ ᠵᠦᠭ ᠵᠦᠭ ᠡᠴᠡ ᠣᠷᠢᠯᠠᠯᠳᠤᠨᠠ᠃
ᠠᠩᠴᠢᠨᠵᠠᠪ ᠠᠵᠠ ᠶ᠋ᠢᠨ ᠲᠩᠷᠢ ᠳ᠋ᠦ᠍ ᠲᠦᠰᠢᠵᠦ ᠠᠮᠢ ᠪᠠᠷ ᠢ᠋ᠶ᠋ᠠᠨ ᠮᠥᠷᠥᠢ ᠲᠠᠯᠪᠢᠨ ᠨᠢᠳᠦ ᠪᠡᠨ ᠠᠨᠢᠭᠠᠳ ᠨᠢᠭᠡ ᠲᠠᠢᠰᠢ ᠮᠣᠷᠢᠨ ᠤ᠋ ᠪᠠᠨ ᠬᠤᠷᠳᠤ ᠳ᠋ᠤ᠌ ᠪᠦᠰᠡᠯᠡᠯᠲᠡ ᠶ᠋ᠢ ᠰᠢᠪᠲᠤᠯᠤᠨ ᠳᠤᠲᠠᠭᠠᠬᠤ ᠳ᠋ᠤ᠌ ᠪᠣᠯᠣᠮᠵᠢᠲᠠᠢ ᠰᠠᠨᠠᠭᠳᠠᠪᠠᠴᠤ ᠰᠥᠨᠢ ᠬᠠᠷᠠᠩᠭᠤᠢ ᠳ᠋ᠤ᠌ ᠵᠡᠷᠯᠢᠭ ᠬᠡᠢᠰᠦᠭᠰᠡᠨ ᠰᠣᠬᠣᠷ ᠰᠤᠮᠤᠨ ᠳ᠋ᠤ᠌ ᠶᠠᠮᠠᠷ ᠴᠤ᠌ ᠤᠳᠬ᠎ᠠ ᠠᠭᠤᠯᠭ᠎ᠠ ᠦᠭᠡᠢ ᠪᠡᠶ᠎ᠡ ᠪᠡᠨ ᠦᠷᠡᠭᠳᠡᠭᠦᠯᠬᠦ ᠡᠴᠡ ᠪᠣᠯᠭᠣᠮᠵᠢᠯᠠᠨ ᠳᠤᠲᠠᠭᠠᠬᠤ ᠵᠠᠮ ᠢ ᠰᠣᠩᠭᠣᠭᠰᠠᠨ ᠦᠭᠡᠢ᠂《ᠴᠣᠭᠪᠠᠭᠠᠲᠤᠷ ᠴᠢ ᠦᠨᠡᠬᠡᠷ ᠬᠠᠷ᠎ᠠ ᠲᠠᠢ ᠬᠡᠴᠡᠭᠦᠦ ᠡᠷ᠎ᠡ ᠪᠠᠢᠨ᠎ᠠ᠁ ᠵᠠ᠂ ᠶᠠᠭᠠᠬᠢᠪᠠᠯ ᠶᠠᠭᠠᠬᠢᠭ ᠴᠠᠭᠠᠰᠢ!》 ᠭᠡᠰᠡᠨ ᠲᠥᠯᠥᠪᠲᠡᠢ ᠣᠷᠣᠨ ᠳ᠋ᠠᠭᠠᠨ ᠬᠥᠳᠡᠯᠦᠯ ᠦᠭᠡᠢ ᠵᠣᠭᠰᠣᠭᠠᠳ ᠪᠠᠢᠪᠠ᠃
ᠬᠡᠳᠦᠨ ᠲᠠᠯ᠎ᠠ ᠠ᠋ᠴᠠ ᠪᠠᠷᠤᠭ ᠵᠠᠪᠰᠠᠷ ᠦᠭᠡᠢ ᠰᠢᠬᠠᠵᠤ ᠢᠷᠡᠭᠰᠡᠨ ᠴᠡᠷᠢᠭ ᠦ᠋ᠳ ᠦ᠋ᠨ ᠡᠨᠳᠡ ᠲᠡᠨᠳᠡ ᠡᠴᠡ ᠭᠡᠷᠡᠯ ᠭᠢᠯᠠᠯᠵᠠᠭᠤᠯᠤᠨ《ᠠᠮᠢᠳᠤ ᠪᠠᠷ ᠨᠢ᠁ ᠠᠮᠢᠳᠤ ᠪᠠᠷ ᠨᠢ᠁》 ᠭᠡᠵᠦ ᠣᠷᠢᠯᠠᠯᠳᠤᠭᠰᠠᠭᠠᠷ ᠲᠡᠭᠦᠨ ᠵᠦᠭ ᠣᠢᠷᠠᠲᠤᠨ᠎ᠠ᠃ ᠠᠩᠴᠢᠨᠵᠠᠪ᠂ ᠵᠠᠩᠴᠣᠪ ᠤ᠋ᠨ ᠮᠣᠷᠢᠳ ᠡᠨᠡ ᠬᠦ᠌ ᠠᠢᠩᠭᠤᠷᠢᠲᠦ ᠭᠡᠷᠡᠯ ᠬᠠᠷᠪᠤᠭᠰᠠᠨ ᠦᠢᠮᠡᠭᠡᠨ ᠡᠴᠡ ᠦᠷᠭᠦᠨ ᠨᠠᠳᠬᠤᠵᠤ ᠳᠡᠪᠬᠡᠴᠡᠨᠡ᠁
ᠠᠩᠴᠢᠨᠵᠠᠪ ᠤ᠋ᠨ ᠨᠢᠳᠦ ᠶ᠋ᠢ ᠨᠢ ᠳᠠᠷᠤᠵᠤ ᠬᠦᠯᠢᠭᠡᠳ ᠨᠢᠭᠡ ᠮᠠᠭᠤᠬᠠᠨ ᠪᠠᠮᠪᠠᠷᠴᠠᠭ ᠰᠡᠦᠬᠡ ᠲᠡᠷᠭᠡᠨ ᠳ᠋ᠦ᠍ ᠴᠢᠬᠢᠵᠦ ᠬᠠᠮᠢᠭ᠎ᠠ ᠨᠢᠭᠡ ᠵᠦᠭ ᠶᠥᠩᠬᠥᠷ ᠶᠥᠩᠬᠥᠷ ᠬᠥᠳᠡᠯᠪᠡ᠃
ᠵᠣᠭᠰᠣᠭ᠎ᠠ ᠦᠭᠡᠢ ᠬᠠᠢᠪᠠᠭᠴᠠᠨ ᠶᠠᠪᠤᠭᠰᠠᠨ ᠪᠠᠮᠪᠠᠷᠴᠠᠭ ᠲᠡᠷᠭᠡ ᠮᠠᠷᠭᠠᠲᠤᠷ ᠤ᠋ᠨ ᠬᠢᠨᠢ ᠦᠳᠡ ᠪᠣᠯᠬᠤ ᠳ᠋ᠤ᠌ ᠨᠢᠭᠡ ᠭᠠᠵᠠᠷ ᠣᠴᠢᠵᠤ ᠪᠠᠭᠤᠪᠠ᠃
ᠬᠣᠶᠠᠷ ᠮᠠᠢᠵᠢᠭᠢ ᠰᠠᠨᠳᠠᠯᠢ ᠲᠠᠢ ᠳᠥᠷᠪᠡᠯᠵᠢᠨ ᠰᠢᠷᠡᠭᠡ ᠲᠠᠯᠪᠢᠭᠰᠠᠨ ᠵᠢᠵᠢᠭᠬᠡᠨ ᠬᠣᠣᠰ ᠰᠢᠯ ᠴᠣᠩᠬᠣ ᠲᠠᠢ ᠰᠢᠪᠠᠷ ᠪᠠᠢᠰᠢᠩ ᠳ᠋ᠤ᠌ ᠠᠩᠴᠢᠨᠵᠠᠪ ᠢ ᠬᠣᠷᠢᠪᠠ᠃
ᠣᠷᠣᠢ ᠨᠢ ᠸᠠᠩ ᠰᠣᠬᠣᠷ ᠬᠡᠳᠦᠨ ᠳᠠᠭᠠᠯᠲᠠ ᠲᠠᠢ ᠣᠷᠣᠵᠤ ᠢᠷᠡᠨ᠄
一 ᠣ᠂ ᠡᠨᠡ ᠴᠢᠨᠢ ᠠᠵᠢᠷᠭᠠᠨ ᠬᠠᠷ᠎ᠠ ᠪᠠᠢᠨ᠎ᠠ ᠰᠢᠲᠠ! ᠭᠡᠰᠡᠨ ᠳ᠋ᠦ᠍ ᠨᠥᠭᠦᠭᠡ ᠳᠠᠭᠠᠯᠲᠠ ᠶ᠋ᠢᠨ ᠬᠢᠨᠢ ᠳᠣᠲᠣᠷ᠎ᠠ ᠠ᠋ᠴᠠ᠄
— ᠸᠠᠩ ᠵᠠᠩᠭᠤᠢᠳᠠ ᠲᠠ ᠡᠨᠡ ᠬᠥᠮᠥᠨ ᠢ ᠲᠠᠨᠢᠳᠠᠭ ᠶᠤᠮ ᠤᠤ? ᠭᠡᠰᠡᠨ ᠢᠮᠠᠭᠠᠨ ᠳᠠᠭᠤ ᠭᠠᠷᠬᠤ ᠳᠤ ᠠᠩᠴᠢᠨᠵᠠᠪ ᠲᠡᠭᠦᠨ ᠢ ᠦᠯᠵᠡᠢᠰᠠᠩ ᠮᠥᠨ ᠭᠡᠳᠡᠭ ᠢ ᠶᠠᠭᠠᠬᠢᠬᠤ ᠠᠷᠭ᠎ᠠ ᠦᠭᠡᠢ ᠲᠠᠨᠢᠪᠠ᠃
ᠠᠩᠴᠢᠨᠵᠠᠪ᠂ ᠥᠯᠵᠡᠢᠰᠠᠩ ᠢ ᠬᠢᠯᠠᠮᠬᠢᠵᠤ《ᠡᠨᠡ ᠮᠠᠭᠤ ᠤᠬᠢᠶᠠᠳᠠᠰᠤ ᠳᠣᠯᠢᠶᠠᠭᠰᠠᠨ ᠵᠣᠯᠪᠢᠩ! ᠬᠠᠮᠢᠭ᠎ᠠ ᠠᠰᠢᠭ ᠤ᠋ᠨ ᠥᠭᠶᠥᠭᠡ ᠴᠤᠬᠤᠢᠭᠰᠠᠨ ᠭᠠᠵᠠᠷ ᠴᠢ ᠥᠨᠳᠡᠯᠵᠡᠵᠦ ᠪᠠᠢᠳᠠᠭ᠃ ᠠᠯᠢ ᠵᠠᠪ ᠲᠤᠨᠢ ᠴᠢ ᠪᠠᠰᠠ ᠸᠠᠩ ᠰᠣᠬᠣᠷ ᠤᠨ ᠪᠥᠭᠰᠡ ᠶᠢ ᠳᠣᠯᠢᠶᠠᠭᠠᠳ ᠵᠠᠪᠳᠤᠪᠠ⁈》ᠭᠡᠵᠦ ᠲᠣᠲᠣᠷ᠎ᠠ ᠪᠠᠨ ᠵᠠᠨᠤᠪᠠ᠃
— ᠡᠨᠡ ᠠᠵᠢᠷᠭᠠᠨ ᠬᠠᠷ᠎ᠠ ᠭᠡᠳᠡᠭ ᠴᠢᠨᠢ ᠰᠠᠢᠨ ᠡᠷ᠎ᠡ ᠰᠢᠦ! ᠲᠡᠭᠦᠨ ᠦ᠌ ᠭᠠᠷ ᠤ᠋ᠨ ᠬᠦᠯᠢᠶᠡᠰᠦ ᠶ᠋ᠢ ᠠᠯᠳᠠᠷᠠᠭ᠎ᠠ! ᠭᠡᠵᠦ ᠸᠠᠩ ᠰᠣᠬᠣᠷ ᠨᠥᠭᠦᠭᠡ ᠬᠡᠳᠦᠨ ᠳᠠᠭᠠᠯᠲᠠ ᠵᠦᠭ ᠢ᠋ᠶ᠋ᠡᠨ ᠳᠣᠬᠢᠭᠰᠠᠨ ᠳ᠋ᠤ᠌ ᠥᠯᠵᠡᠢᠰᠠᠩ ᠶᠠᠭᠤᠨ ᠠ᠋ᠴᠠ ᠡᠮᠦᠨ᠎ᠡ ᠠᠩᠴᠢᠨᠵᠠᠪ ᠤ᠋ᠨ ᠳᠡᠷᠭᠡᠳᠡ ᠣᠴᠢᠨ᠄
一 ᠪᠠᠢᠵᠠ᠂ ᠸᠠᠩ ᠵᠠᠩᠭᠤᠢᠳᠠ ᠠ᠋! ᠡᠨᠡ ᠬᠥᠮᠦᠨ ᠦ᠌ ᠬᠦᠯᠢᠶᠡᠰᠦ ᠶ᠋ᠢ ᠠᠯᠳᠠᠷᠠᠭᠠᠭᠰᠠᠭᠠᠷ ᠨᠢᠭᠡ ᠶᠠᠭᠤᠮ᠎ᠠ ᠪᠣᠯᠤᠨ᠎ᠠ ᠰᠢᠦ! ᠭᠡᠰᠡᠨ ᠳ᠋ᠦ᠍ ᠠᠩᠴᠢᠨᠵᠠᠪ᠄
— ᠵᠠᠢᠯᠠ᠂ ᠴᠠᠭᠠᠰᠢ ᠪᠠᠨ! ᠮᠠᠭᠤ ᠵᠣᠯᠪᠢᠩ! ᠭᠡᠵᠦ ᠵᠠᠩᠳᠤᠷᠤᠭᠰᠠᠨ ᠳ᠋ᠤ᠌ ᠥᠯᠵᠡᠢᠰᠠᠩ ᠴᠣᠴᠢᠰᠬᠢᠨ ᠳᠠᠯᠳᠢᠷᠠᠵᠤ᠄
一 ᠣ! ᠬᠢᠷᠢ ᠪᠡᠨ ᠮᠡᠳᠡᠬᠦ ᠦᠭᠡᠢ ᠠᠮᠢᠲᠠᠨ ᠪᠠᠢᠨ᠎ᠠ ᠳᠠ ᠴᠢ! ᠪᠠᠰᠠ ᠬᠥᠮᠦᠨ ᠦ᠌ ᠤᠷᠲᠤ ᠠ᠋ᠴᠠ ᠴᠣᠪ ᠴᠣᠪ ᠭᠡᠬᠦ ᠲᠡᠢ᠁ ᠴᠢᠮ᠎ᠠ ᠳ᠋ᠤ᠌ ᠢᠩᠭᠢᠳᠡᠭ ᠡᠳᠦᠷ ᠪᠠᠢᠵᠢ ᠤᠤ? ᠭᠡᠰᠡᠨ ᠪᠠᠰᠤᠩᠭᠤᠢ ᠦᠭᠡ ᠤᠨᠠᠭᠠᠵᠤ᠂ ᠸᠠᠩ ᠰᠣᠬᠣᠷ ᠤ᠋ᠨ ᠴᠢᠬᠢᠨ ᠳ᠋ᠦ᠍ ᠨᠢᠭᠡ ᠶᠠᠭᠤᠮ᠎ᠠ ᠰᠢᠪᠡᠨᠡᠪᠡ᠃
᠁ ᠮᠥᠨ ᠲᠡᠷᠡ ᠰᠥᠨᠢ ᠳ᠋ᠡᠭᠡᠨ ᠠᠩᠴᠢᠨᠵᠠᠪ ᠢ ᠳᠠᠷᠤᠵᠤ ᠠᠪᠤᠨ ᠵᠡᠬᠦᠨᠰᠢᠯᠡᠭᠡᠳ ᠪᠤᠭᠤᠲᠤ ᠤᠷᠤᠭᠤ ᠠᠪᠠᠴᠢᠪᠠ᠃
ᠠᠩᠴᠢᠨᠵᠠᠪ ᠪᠤᠭᠤᠲᠤ ᠶ᠋ᠢᠨ ᠬᠠᠷ᠎ᠠ ᠴᠡᠷᠢᠭ ᠦ᠋ᠨ ᠭᠢᠨᠳᠠᠨ ᠳ᠋ᠤ᠌ ᠬᠣᠷᠢᠭᠳᠠᠯᠠ᠃
ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ
