ᠵᠠᠮᠤᠬ᠎ᠠ-ᠬᠠᠴᠢᠷᠬᠠᠯᠲᠠᠢ ᠵᠡᠭᠦᠳᠦ ᠶᠢᠨ ᠲᠠᠢᠯᠤᠯ - ᠴᠢᠩᠭᠢᠰ ᠬᠠᠭᠠᠨ ᠊ᠤ᠌ ᠨᠢᠭᠤᠴᠠ ᠲᠡᠦᠬᠡ06 Хачирхалтай зүүдийн тайлал - Чингис хаан оо нууц түүх 06
ᠬᠠᠴᠢᠷᠬᠠᠯᠲᠠᠢ ᠵᠡᠭᠦᠳᠦ ᠶᠢᠨ ᠲᠠᠢᠯᠤᠯ
ᠣᠯᠠᠨ ᠰᠠᠷ᠎ᠠ ᠠᠭᠤᠯᠠᠨ ᠳ᠋ᠤ᠌ ᠪᠦᠭᠭᠦᠵᠦ ᠵᠡᠷᠯᠢᠭᠰᠢᠭᠰᠡᠨ ᠬᠠᠨᠲᠡᠮᠦᠷ ᠲᠦ᠍ ᠶᠡᠬᠡ ᠣᠷᠳᠣᠨ ᠤ᠋ ᠡᠨᠡ ᠨᠦᠰᠡᠷ ᠶᠡᠬᠡᠮᠰᠦᠭ ᠠᠭᠠᠳ ᠰᠦᠷᠯᠢᠭ ᠳᠦᠷᠢ ᠪᠠᠢᠳᠠᠯ ᠲᠤᠢᠯ ᠤ᠋ᠨ ᠰᠣᠨᠢᠨ ᠪᠠᠢᠵᠠᠢ᠃ ᠬᠠᠨᠲᠡᠮᠦᠷ᠂ ᠡᠵᠡᠨ ᠦ᠌ ᠪᠡᠨ ᠬᠡᠯᠡᠭᠰᠡᠨ ᠶᠣᠰᠣᠭᠠᠷ ᠲᠡᠭᠦᠨ ᠢ᠋ ᠲᠡᠮᠦᠵᠢᠨ ᠦ᠌ ᠣᠷᠳᠣᠨ ᠤ᠋ ᠬᠠᠰᠢᠶᠠᠨ ᠤ᠋ ᠭᠠᠳᠠᠨ᠎ᠠ ᠬᠠᠷᠠᠭᠤᠯ ᠳ᠋ᠤ᠌ ᠲᠤᠰᠢᠶᠠᠨ ᠥᠭᠭᠦᠭᠡᠳ ᠨᠠᠮ ᠴᠢᠮᠡᠭᠡ ᠦᠭᠡᠢ ᠬᠦᠯᠢᠶᠡᠨ ᠵᠣᠭᠰᠣᠪᠠ᠃《ᠬᠥᠷ ᠬᠠᠭᠠᠨ ᠵᠠᠮᠤᠬ᠎ᠠ ᠶ᠋ᠢ ᠲᠡᠮᠦᠵᠢᠨ ᠳ᠋ᠦ᠍ ᠬᠦᠷᠭᠡᠵᠦ ᠶᠠᠪᠤᠨ᠎ᠠ》ᠭᠡᠰᠡᠨ ᠦᠭᠡ ᠲᠡᠳᠡᠨ ᠢ᠋ ᠮᠣᠩᠭᠣᠯ ᠤ᠋ᠨ ᠠᠭᠤᠳᠠᠮ ᠨᠤᠲᠤᠭ ᠢ᠋ᠶ᠋ᠠᠷ ᠰᠠᠭᠠᠳ ᠦᠭᠡᠢ ᠨᠡᠪᠲᠡᠷᠡᠭᠦᠯᠵᠦ ᠡᠨᠳᠡ ᠠᠪᠴᠢᠷᠠᠭᠰᠠᠨ ᠨᠢ ᠵᠠᠮᠤᠬ᠎ᠠ ᠶ᠋ᠢᠨ ᠨᠡᠷ᠎ᠡ ᠰᠦᠷ ᠢ᠋ ᠪᠢᠰᠢ᠂ ᠬᠠᠷᠢᠨ ᠲᠡᠮᠦᠵᠢᠨ ᠬᠡᠷᠬᠢᠨ ᠬᠦᠴᠦᠷᠬᠡᠭᠵᠢᠵᠦ ᠠᠯᠳᠠᠷᠰᠢᠭᠰᠠᠨ ᠢ᠋ ᠪᠠᠲᠤᠯᠠᠬᠤ ᠠᠵᠢ᠃ ᠵᠠᠮᠤᠬ᠎ᠠ ᠡᠵᠡᠨ ᠨᠢ ᠬᠡᠯᠡᠭᠰᠡᠨ ᠳ᠋ᠡᠭᠡᠨ ᠬᠦᠷᠴᠦ ᠵᠠᠮ ᠵᠠᠭᠤᠷ᠎ᠠ ᠨᠢᠭᠡ ᠴᠦ᠍ ᠦᠭᠡ ᠠᠮᠠᠨ ᠠ᠋ᠴᠠ ᠤᠨᠠᠭᠠᠭᠰᠠᠨ ᠦᠭᠡᠢ᠃ ᠪᠦᠲᠦᠨ ᠰᠠᠷ᠎ᠠ ᠶ᠋ᠢᠨ ᠲᠤᠷᠰᠢ ᠢᠩᠭᠢᠵᠦ ᠵᠢᠭᠠᠰᠤ ᠰᠢᠭ᠋ ᠲᠠᠭ ᠳᠠᠭᠤ ᠦᠭᠡᠢ ᠪᠠᠢᠵᠤ ᠠᠭᠤᠷ ᠴᠢᠬᠤᠯ᠂ᠤᠢᠳᠬᠠᠷ ᠭᠤᠨᠢᠭ ᠬᠢᠭᠡᠳ ᠬᠢᠯᠢᠩ ᠬᠣᠷᠣᠰᠤᠯ ᠢ᠋ᠶ᠋ᠠᠨ ᠳᠣᠲᠣᠷ᠎ᠠ ᠪᠠᠨ ᠲᠦᠭᠵᠢᠵᠦ ᠴᠢᠳᠠᠭᠰᠠᠨ ᠳ᠋ᠤ᠌ ᠬᠠᠨᠲᠡᠮᠦᠷ ᠦᠨᠡᠬᠡᠷ ᠭᠠᠢᠬᠠᠭᠠᠳ ᠪᠠᠷᠠᠭᠰᠠᠨ ᠦᠭᠡᠢ᠃ ᠲᠡᠷᠡ ᠤᠷᠢᠳ ᠨᠢ ᠵᠠᠮᠤᠬ᠎ᠠ ᠡᠵᠡᠨ ᠢ᠋ ᠪᠡᠨ ᠬᠠᠮᠤᠭ ᠤ᠋ᠨ ᠲᠡᠪᠴᠢᠶᠡᠷᠢ ᠦᠭᠡᠢ ᠬᠥᠮᠦᠨ ᠭᠡᠵᠦ ᠲᠣᠭᠠᠴᠠᠳᠠᠭ ᠪᠠᠢᠵᠠᠢ᠃ ᠭᠡᠲᠡᠯ᠎ᠡ ᠣᠭᠲᠣ ᠲᠡᠢᠮᠦ ᠪᠢᠰᠢ ᠠᠵᠢ᠃
ᠵᠠᠮᠤᠬ᠎ᠠ ᠶ᠋ᠢ ᠬᠠᠰᠢᠶᠠᠨ ᠳᠣᠲᠣᠷᠠᠬᠢ ᠭᠡᠷ ᠦ᠋ᠳ ᠦ᠋ᠨ ᠵᠦᠭ ᠠᠪᠴᠤ ᠶᠠᠪᠤᠭᠰᠠᠨ ᠪᠣᠯᠪᠠᠴᠤ ᠲᠡᠭᠦᠨ ᠢ᠋ ᠪᠠᠷᠢᠵᠤ ᠢᠷᠡᠭᠰᠡᠨ ᠴᠡᠷᠢᠭ ᠦ᠋ᠳ ᠢ᠋ ᠨᠢ ᠳᠣᠲᠣᠭᠰᠢ ᠣᠷᠣᠭᠤᠯᠤᠭᠰᠠᠨ ᠦᠭᠡᠢ ᠲᠤᠯᠠ ᠲᠡᠳᠡ ᠬᠠᠰᠢᠶᠠᠨ ᠤ᠋ ᠰᠡᠭᠦᠳᠡᠷ ᠲᠦ᠍ ᠬᠣᠴᠣᠷᠴᠠᠢ᠃ ᠲᠡᠳᠡᠨ ᠦ᠌ ᠵᠡᠪᠰᠡᠭ ᠢ᠋ ᠬᠤᠷᠢᠶᠠᠵᠤ ᠳᠡᠷᠭᠡᠳᠡ ᠨᠢ ᠬᠠᠷᠠᠭᠤᠯ ᠲᠠᠯᠪᠢᠭᠰᠠᠨ ᠰᠦᠷᠯᠢᠭ ᠡᠷ᠎ᠡ ᠪᠣᠯ ᠲᠡᠮᠦᠵᠢᠨ ᠦ᠌ ᠡᠷᠭᠦᠮᠡᠯ ᠳᠡᠭᠦᠦ ᠪᠣᠷᠣᠬᠤᠯ ᠪᠠᠢᠪᠠ᠃ ᠪᠣᠷᠣᠬᠤᠯ ᠥᠨᠥᠳᠥᠷ ᠦ᠋ᠨ ᠬᠠᠷᠠᠭᠤᠯ ᠤ᠋ᠨ ᠠᠯᠪᠠ ᠶ᠋ᠢ ᠠᠬᠠᠯᠠᠵᠤ ᠪᠠᠢᠵᠠᠢ᠃ ᠬᠠᠨᠲᠡᠮᠦᠷ ᠬᠡᠳᠦᠢ ᠪᠡᠷ ᠪᠣᠷᠣᠬᠤᠯ ᠢ᠋ ᠲᠠᠨᠢᠬᠤ ᠴᠤ᠌ ᠠᠮᠢᠲᠠᠨ ᠬᠥᠮᠦᠨ ᠲᠡᠢ ᠶᠠᠷᠢᠵᠤ ᠬᠥᠭᠡᠷᠬᠦ ᠴᠦ᠍ ᠬᠦᠰᠡᠯ ᠦᠭᠡᠢ ᠪᠠᠢᠪᠠ᠃ ᠲᠡᠭᠦᠨ ᠦ᠌ ᠠᠮᠢ ᠨᠠᠰᠤ᠂ ᠠᠮᠢᠳᠤᠷᠠᠬᠤ ᠦᠬᠦᠬᠦ ᠨᠢ ᠣᠳᠣ ᠵᠠᠮᠤᠬ᠎ᠠ ᠶ᠋ᠢᠨ ᠬᠡᠯᠡᠬᠦ ᠦᠭᠡ᠂ ᠲᠡᠮᠦᠵᠢᠨ ᠦ᠌ ᠵᠠᠷᠯᠢᠭ ᠬᠣᠶᠠᠷ ᠤ᠋ᠨ ᠳᠠᠩᠰᠠᠨ ᠳᠡᠭᠡᠷ᠎ᠡ ᠪᠠᠢᠯ᠎ᠠ᠃ ᠰᠤᠯᠠ ᠢᠷᠭᠡᠨ ᠪᠣᠯᠵᠤ ᠭᠦᠷᠪᠡᠯᠵᠢᠨ ᠭᠤᠸ᠎ᠠ ᠪᠠᠨ ᠡᠷᠢᠵᠦ ᠣᠳᠬᠤ ᠰᠠᠨ ᠭᠡᠬᠦ ᠡᠴᠡ ᠲᠡᠷᠡ ᠠᠷᠭ᠎ᠠ ᠪᠠᠨ ᠪᠠᠷᠠᠨ ᠵᠠᠮᠤᠬ᠎ᠠ ᠡᠵᠡᠨ ᠨᠢ ᠰᠤᠷᠠᠭ ᠦᠭᠡᠢ ᠤᠳᠠᠬᠤ ᠳ᠋ᠤ᠌ ᠰᠡᠳᠬᠢᠯ ᠲᠦᠭᠰᠢᠨ ᠲᠡᠪᠴᠢᠵᠦ ᠶᠠᠳᠠᠨ᠎ᠠ᠃ ᠮᠥᠴᠡ ᠬᠣᠷᠣᠮ ᠭᠡᠭᠴᠢ ᠬᠡᠴᠢᠨᠡᠨ ᠤᠳᠠᠭᠠᠨ ᠥᠩᠭᠡᠷᠡᠳᠡᠭ ᠢ᠋ ᠲᠡᠷᠡ ᠣᠳᠣ ᠯᠠ ᠥᠪᠡᠷ ᠦ᠋ᠨ ᠪᠡᠶ᠎ᠡ ᠪᠡᠷ ᠦᠵᠡᠵᠦ ᠭᠠᠢᠬᠠᠰᠢ ᠲᠠᠰᠤᠷᠠᠨ ᠬᠦᠯᠢᠶᠡᠭᠰᠡᠭᠡᠷ᠁
ᠡᠵᠡᠨ ᠦ᠌ ᠪᠡᠨ ᠡᠴᠦᠰ ᠦ᠋ᠨ ᠵᠠᠷᠯᠢᠭ ᠢ᠋ ᠪᠡᠶᠡᠯᠡᠭᠦᠯᠦᠭᠰᠡᠨ ᠲᠤᠯᠠ ᠬᠠᠨᠳᠠᠮᠤᠷ ᠥᠪᠡᠷ ᠦ᠋ᠨ ᠢ᠋ᠶ᠋ᠡᠨ ᠡᠷᠬᠡ ᠴᠢᠯᠥᠭᠡᠲᠡᠢ ᠠᠮᠢᠳᠤᠷᠠᠬᠤ ᠶ᠋ᠢ ᠲᠡᠰᠴᠦ ᠶᠠᠳᠠᠨ ᠬᠦᠰᠡᠵᠦ᠂ ᠰᠢᠨ᠎ᠡ ᠠᠮᠢᠳᠤᠷᠠᠯ ᠳ᠋ᠠᠭᠠᠨ ᠶᠠᠭᠠᠷᠠᠨ ᠲᠡᠮᠡᠦᠯᠵᠦ ᠪᠠᠢᠯ᠎ᠠ᠃ ᠦᠨᠡᠨᠴᠢ ᠵᠢᠳᠬᠦᠯ ᠢ᠋ᠶ᠋ᠡᠷ ᠣᠯᠤᠭᠰᠠᠨ ᠨᠢᠭᠤᠷ ᠪᠠᠷᠳᠠᠮ᠂ ᠠᠵᠠ ᠵᠢᠷᠭᠠᠯᠲᠠᠢ ᠠᠮᠢᠳᠤᠷᠠᠯ ᠡᠬᠢᠯᠡᠨ᠎ᠡ ᠭᠡᠵᠦ ᠰᠠᠨᠠᠬᠤ ᠳ᠋ᠤ᠌ ᠦᠨᠡᠬᠡᠷ ᠰᠠᠢᠬᠠᠨ ᠠᠵᠢ᠃ ᠲᠡᠷᠡ ᠬᠡᠵᠢᠶ᠎ᠡ ᠴᠦ᠍ ᠡᠢᠮᠦ ᠠᠵᠠ ᠵᠢᠷᠭᠠᠯᠲᠠᠢ ᠪᠠᠢᠭᠰᠠᠨ ᠦᠭᠡᠢ᠃ ᠪᠠᠰᠠ ᠠᠮᠢᠳᠤᠷᠠᠯ ᠳ᠋ᠤ᠌ ᠢᠩᠭᠢᠲᠡᠯ᠎ᠡ ᠪᠡᠨ ᠰᠢᠨᠤᠨ ᠳᠤᠷᠠᠯᠠᠵᠤ᠂ ᠦᠨ᠎ᠡ ᠴᠠᠨ᠎ᠠ ᠶ᠋ᠢ ᠨᠢ ᠤᠬᠠᠭᠠᠷᠠᠨ ᠣᠢᠯᠠᠭᠠᠵᠤ ᠶᠠᠪᠤᠭᠰᠠᠨ ᠦᠭᠡᠢ᠃ ᠪᠤᠰᠤᠳ ᠤ᠋ᠨ ᠠᠮᠢ ᠠᠮᠢᠳᠤᠷᠠᠯ ᠴᠤ᠌ ᠥᠪᠡᠷ ᠦ᠋ᠨ ᠬᠢ ᠲᠡᠢ ᠨᠢ ᠯᠡ ᠠᠳᠠᠯᠢ ᠦᠨᠡᠲᠡᠢ ᠰᠠᠨ ᠪᠢᠰᠢ ᠤᠤ ᠭᠡᠵᠦ ᠪᠣᠳᠣᠬᠤ ᠠ᠋ᠴᠠ ᠲᠡᠭᠦᠨ ᠦ᠌ ᠰᠡᠯᠡᠮᠡᠨ ᠦ᠌ ᠢᠷ᠂ ᠰᠤᠮᠤᠨ ᠤ᠋ ᠦᠵᠦᠭᠦᠷ ᠲᠦ᠍ ᠬᠡᠴᠢᠨᠡᠨ ᠬᠥᠮᠦᠨ ᠦ᠌ ᠠᠵᠠ ᠵᠢᠷᠭᠠᠯ᠂ ᠬᠦᠰᠡᠯ ᠮᠥᠷᠥᠭᠡᠳᠦᠯ᠂ ᠬᠤᠪᠢ ᠲᠠᠪᠢᠯᠠᠩ ᠭᠡᠨᠡᠳᠲᠡ ᠶ᠋ᠢᠨ ᠰᠠᠯᠬᠢᠨ ᠳ᠋ᠤ᠌ ᠦᠯᠢᠶᠡᠭᠳᠡᠨ ᠤᠨᠲᠠᠷᠠᠬᠤ ᠵᠤᠯᠠ ᠮᠡᠲᠦ ᠪᠥᠬᠥᠭᠰᠡᠨ ᠢ᠋ ᠪᠣᠳᠣᠭᠠᠳ ᠳᠣᠲᠣᠷ᠎ᠠ ᠨᠢ ᠬᠠᠷᠠᠩᠭᠤᠢᠯᠠᠬᠤ ᠰᠢᠭ᠋ ᠪᠣᠯᠤᠭᠰᠠᠨ ᠪᠢᠯᠡ᠃
ᠠᠯᠪᠠᠲᠤ ᠪᠣᠭᠣᠯ ᠳ᠋ᠠᠭᠠᠨ ᠪᠠᠷᠢᠭᠳᠠᠵᠤ ᠢᠷᠡᠭᠰᠡᠨ ᠵᠠᠮᠤᠬ᠎ᠠ ᠶ᠋ᠢ ᠬᠠᠮᠤᠭ ᠤ᠋ᠨ ᠵᠠᠬ᠎ᠠ ᠶ᠋ᠢᠨ ᠭᠡᠷ ᠲᠦ᠍ ᠠᠪᠠᠴᠢᠵᠠᠢ᠃ ᠪᠣᠷᠣᠬᠤᠯ ᠵᠠᠮᠤᠬ᠎ᠠ ᠶ᠋ᠢᠨ ᠬᠦᠯᠢᠭ ᠢ᠋ ᠲᠠᠢᠯᠬᠤ ᠶ᠋ᠢ ᠲᠤᠰᠢᠶᠠᠪᠠ᠃ ᠭᠡᠲᠡᠯ᠎ᠡ ᠵᠠᠮᠤᠬ᠎ᠠ ᠡᠭᠦᠨ ᠢ᠋ ᠵᠥᠪᠰᠢᠶᠡᠷᠡᠭᠰᠡᠨ ᠦᠭᠡᠢ᠃
| ᠬᠠᠷ᠎ᠠ ᠬᠡᠷᠢᠶ᠎ᠡ ᠬᠠᠯᠲᠠᠷ ᠨᠤᠭᠤᠰᠤ ᠶ᠋ᠢ ᠪᠠᠷᠢᠬᠤ ᠪᠣᠯᠪᠠ᠃
ᠬᠠᠷᠠᠴᠤ ᠪᠣᠭᠣᠯ ᠬᠠᠭᠠᠨ ᠡᠵᠡᠨ ᠳ᠋ᠡᠭᠡᠨ ᠬᠠᠯᠳᠠᠪᠠ᠃
ᠪᠣᠷᠣ ᠡᠯᠢᠶ᠎ᠡ ᠪᠣᠷᠣᠯᠠᠭ ᠨᠤᠭᠤᠰᠤ ᠶ᠋ᠢ ᠪᠠᠷᠢᠬᠤ ᠪᠣᠯᠪᠠ᠃
ᠪᠣᠭᠣᠯ ᠵᠠᠷᠤᠴᠠ ᠪᠣᠳᠠᠲᠤ ᠡᠵᠡᠨ ᠳ᠋ᠡᠭᠡᠨ ᠬᠠᠯᠳᠠᠪᠠ ᠭᠡᠵᠦ ᠠᠭᠤᠷ ᠬᠢᠯᠢᠩ ᠢ᠋ᠶ᠋ᠡᠨ ᠪᠠᠳᠠᠷᠠᠭᠤᠯᠤᠨ᠂ ᠠᠭᠤᠰᠬᠢ ᠵᠢᠷᠦᠬᠡ ᠪᠡᠨ ᠪᠤᠯᠲᠠᠯᠵᠠᠭᠤᠯᠤᠨ ᠬᠠᠰᠬᠢᠷᠴᠤ
| ᠪᠣᠷᠣᠬᠤᠯ᠂ ᠴᠢ ᠲᠡᠮᠦᠵᠢᠨ ᠠᠨᠳᠠ ᠶ᠋ᠢᠨ ᠬᠠᠢᠷᠠᠲᠠᠢ ᠳᠡᠭᠦᠦ ᠪᠢᠵᠡ᠃ ᠲᠡᠮᠦᠵᠢᠨ ᠠᠨᠳᠠ ᠬᠠᠭᠠᠨ ᠡᠵᠡᠨ ᠳ᠋ᠡᠭᠡᠨ ᠬᠠᠯᠳᠠᠭᠰᠠᠨ ᠪᠣᠭᠣᠯ ᠢ᠋ ᠬᠡᠷᠬᠢᠳᠡᠭ ᠢ᠋ ᠴᠢ ᠨᠠᠳᠠ ᠪᠠᠷ ᠬᠡᠯᠡᠭᠦᠯᠬᠦ ᠦᠭᠡᠢ᠃ ᠴᠢ ᠨᠠᠳᠠᠳᠤ ᠬᠠᠯᠳᠠᠭᠰᠠᠨ ᠡᠳᠡᠭᠡᠷ ᠪᠣᠭᠣᠯ ᠢ᠋ ᠣᠳᠣᠬᠠᠨ ᠮᠢᠨᠦ ᠨᠢᠳᠦᠨ ᠳᠡᠭᠡᠷ᠎ᠡ ᠠᠯᠠᠭᠲᠤᠨ᠃ ᠬᠣᠵᠢᠮ ᠬᠣᠢᠴᠢ ᠳ᠋ᠤ᠌ ᠰᠤᠷᠭᠠᠮᠵᠢ ᠪᠣᠯᠤᠭ᠃ ᠲᠡᠭᠦᠨ ᠦ᠌ ᠳᠠᠷᠠᠭ᠎ᠠ ᠴᠢ ᠨᠠᠮᠠᠶ᠋ᠢ ᠲᠡᠮᠦᠵᠢᠨ ᠠᠨᠳᠠ ᠳ᠋ᠤ᠌ ᠮᠢᠨᠢ ᠲᠤᠰᠢᠶᠠᠭᠲᠤᠨ᠃ ᠲᠠᠩᠭᠠᠷᠢᠭ ᠢ᠋ᠶ᠋ᠠᠨ ᠨᠢᠴᠤᠭᠰᠠᠨ ᠪᠣᠭᠣᠯ ᠢ᠋ ᠬᠠᠷᠠᠵᠤ ᠪᠠᠢᠬᠤ ᠳ᠋ᠤ᠌ ᠮᠢᠨᠢ ᠦᠬᠦᠭᠦᠯᠪᠡᠯ ᠪᠢ ᠦᠬᠦᠬᠦ ᠳ᠋ᠦ᠍ ᠬᠠᠷᠠᠮᠰᠠᠬᠤ ᠵᠦᠢᠯ ᠦᠭᠡᠢ ᠭᠡᠵᠦ ᠲᠤᠢᠯ ᠦᠭᠡᠢ ᠬᠣᠷᠣᠰᠴᠤ ᠵᠢᠭᠰᠢᠭᠰᠡᠨ ᠪᠠᠢᠳᠠᠯ ᠢ᠋ᠶ᠋ᠠᠷ ᠱᠠᠭᠠᠷᠳᠠᠵᠤ ᠲᠤᠯᠭᠠᠭᠠᠳ ᠬᠦᠯᠢᠭ ᠢ᠋ᠶ᠋ᠡᠨ ᠲᠠᠢᠯᠤᠭᠤᠯᠤᠭᠰᠠᠨ ᠦᠭᠡᠢ᠃ ᠵᠠᠮᠤᠬ᠎ᠠ ᠶ᠋ᠢᠨ ᠡᠨᠡ ᠦᠭᠡ ᠪᠣᠷᠣᠬᠤᠯ ᠢ᠋ ᠪᠢᠰᠢᠷᠡᠭᠦᠯᠵᠡᠢ᠃
| ᠬᠠᠭᠠᠨ ᠡᠵᠡᠨ ᠳ᠋ᠡᠭᠡᠨ ᠬᠠᠯᠳᠠᠭᠰᠠᠨ ᠬᠥᠮᠦᠨ ᠦ᠌ ᠤᠷᠤᠭ ᠲᠥᠷᠥᠯ ᠢ᠋ ᠨᠢ ᠬᠦᠷᠲᠡᠯ᠎ᠡ ᠤᠰᠠᠳᠬᠠᠵᠤ ᠪᠠᠢ ᠭᠡᠵᠦ ᠴᠢᠩᠭᠢᠰ ᠬᠠᠭᠠᠨ ᠰᠤᠷᠭᠠᠳᠠᠭ ᠶᠤᠮ᠃ ᠪᠢ ᠣᠳᠣᠬᠠᠨ ᠲᠠᠨ ᠤ᠋ ᠬᠦᠰᠡᠯ ᠢ᠋ ᠪᠡᠶᠡᠯᠡᠭᠦᠯᠦᠨ᠎ᠡ ᠭᠡᠵᠦ ᠪᠣᠷᠣᠬᠤᠯ ᠬᠡᠯᠡᠭᠡᠳ ᠭᠠᠷᠪᠠ᠃ ᠴᠢᠩᠭᠢᠰ ᠬᠠᠭᠠᠨ ᠳ᠋ᠤ᠌ ᠬᠦᠷᠭᠡᠭᠳᠡᠨ ᠣᠴᠢᠮᠠᠭᠴᠠ ᠪᠠᠨ ᠶᠠᠭ ᠢᠩᠭᠢᠵᠦ ᠬᠡᠯᠡᠬᠦ ᠪᠡᠷ ᠵᠠᠮᠤᠬ᠎ᠠ ᠣᠯᠠᠨ ᠬᠣᠨᠣᠭ ᠪᠣᠳᠣᠭᠰᠠᠨ ᠤ᠋ ᠡᠴᠦᠰ ᠲᠦ᠍ ᠰᠢᠢᠳᠦᠭᠰᠡᠨ ᠪᠢᠯᠡ᠃ ᠪᠦᠬᠦ ᠵᠦᠢᠯ ᠰᠠᠨᠠᠭᠰᠠᠨ ᠢ᠋ᠶ᠋ᠠᠷ ᠪᠣᠯᠤᠭᠰᠠᠨ ᠳ᠋ᠤ᠌ ᠲᠡᠷᠡ ᠪᠡᠷ ᠲᠦᠷ ᠵᠠᠭᠤᠷ᠎ᠠ ᠲᠠᠢᠪᠤᠰᠢᠷᠠᠪᠠ᠃
ᠵᠠᠮᠤᠬ᠎ᠠ ᠥᠪᠡᠷ ᠦ᠋ᠨ ᠴᠡᠷᠢᠭ ᠲᠦ᠍ ᠪᠠᠷᠢᠭᠳᠠᠨ ᠢᠷᠡᠭᠰᠡᠨ ᠮᠡᠳᠡᠭᠡ ᠲᠡᠮᠦᠵᠢᠨ ᠦ᠌ ᠶᠡᠬᠡ ᠬᠦᠷᠢᠶ᠎ᠡ ᠪᠡᠷ ᠰᠠᠯᠬᠢ ᠮᠡᠲᠦ ᠲᠠᠷᠬᠠᠵᠤ ᠵᠢᠵᠢᠭ ᠲᠣᠮᠣ ᠪᠦᠬᠦ ᠬᠥᠮᠦᠨ ᠢ᠋ ᠭᠡᠷ ᠡᠴᠡ ᠭᠠᠷᠭᠠᠵᠠᠢ᠃ ᠵᠠᠮᠤᠬ᠎ᠠ ᠪᠣᠯ ᠲᠡᠮᠦᠵᠢᠨ ᠦ᠌ ᠬᠠᠮᠤᠭ ᠤ᠋ᠨ ᠥᠰᠲᠦ ᠳᠠᠢᠰᠤᠨ ᠭᠡᠳᠡᠭ ᠢ᠋ ᠡᠨᠳᠡ ᠮᠡᠳᠡᠬᠦ ᠦᠭᠡᠢ ᠬᠥᠮᠦᠨ ᠦᠭᠡᠢ ᠪᠢᠯᠡ᠃ ᠥᠰᠲᠦ ᠳᠠᠢᠰᠤᠨ ᠢ᠋ᠶ᠋ᠠᠨ ᠬᠡᠷᠬᠢᠨ ᠴᠠᠭᠠᠵᠠᠯᠠᠬᠤ ᠪᠣᠯ ᠭᠡᠵᠦ ᠣᠯᠠᠨ ᠬᠥᠮᠦᠨ ᠪᠡᠶᠡᠰᠦᠨ ᠬᠦᠯᠢᠶᠡᠵᠦ ᠪᠠᠢᠪᠠ᠃ ᠬᠠᠷᠢᠨ ᠵᠠᠮᠤᠬ᠎ᠠ ᠶ᠋ᠢ ᠪᠠᠷᠢᠵᠤ ᠠᠪᠴᠢᠷᠠᠭᠰᠠᠨ ᠬᠡᠳᠦᠨ ᠴᠡᠷᠢᠭ ᠦ᠋ᠨ ᠬᠤᠪᠢ ᠵᠠᠶᠠᠭ᠎ᠠ ᠬᠡᠨ ᠳ᠋ᠦ᠍ ᠴᠦ᠍ ᠰᠣᠨᠢᠨ ᠪᠢᠰᠢ ᠲᠤᠯᠠ ᠵᠠᠮᠤᠬ᠎ᠠ ᠲᠡᠳᠡᠨ ᠢ᠋ ᠬᠠᠮᠤᠭ ᠤ᠋ᠨ ᠲᠦᠷᠦᠭᠦᠨ ᠳ᠋ᠦ᠍ ᠴᠠᠭᠠᠵᠠᠯᠠᠬᠤ ᠶ᠋ᠢ ᠬᠢᠯᠢᠩᠨᠡᠨ ᠱᠠᠭᠠᠷᠳᠠᠭᠰᠠᠨ ᠢ᠋ ᠰᠣᠨᠣᠰᠤᠭᠠᠳ ᠣᠯᠠᠨ ᠪᠦᠭᠦᠳᠡᠭᠡᠷ ᠰᠠᠢᠰᠢᠶᠠᠨ ᠪᠠᠬᠠᠷᠬᠠᠵᠠᠢ᠃ ᠵᠠᠮᠤᠬ᠎ᠠ ᠶ᠋ᠢᠨ ᠴᠡᠷᠢᠭ ᠦ᠋ᠳ ᠢ᠋ ᠴᠠᠭᠠᠵᠠᠯᠠᠬᠤ ᠬᠡᠷᠡᠭ ᠢ᠋ ᠵᠠᠯᠠᠭᠤ ᠬᠥᠪᠡᠭᠦᠳ ᠲᠦ᠍ ᠳᠠᠰᠬᠠᠯ ᠰᠤᠷᠭᠠᠭᠤᠯᠢ ᠪᠣᠯᠤᠭ ᠭᠡᠰᠡᠨ ᠤᠤ᠂ ᠡᠰᠡᠪᠡᠯ ᠡᠵᠡᠨ ᠡᠴᠡ ᠪᠡᠨ ᠤᠷᠪᠠᠭᠰᠠᠨ ᠢ᠋ ᠵᠢᠭᠰᠢᠨ ᠦᠵᠡᠵᠦ ᠵᠣᠷᠢᠭ ᠵᠢᠷᠦᠬᠡ ᠪᠡᠨ ᠬᠤᠷᠴᠠᠯᠠᠭ ᠭᠡᠵᠦ ᠪᠣᠳᠣᠭᠰᠠᠨ ᠤᠤ᠂ ᠶᠠᠮᠠᠷ ᠲᠠᠢ ᠴᠤ᠌ ᠵᠥᠴᠢ᠂ ᠴᠠᠭᠠᠲᠠᠢ ᠬᠣᠶᠠᠷ ᠲᠤ᠌ ᠳᠠᠭᠠᠭᠠᠯᠭᠠᠭᠰᠠᠨ ᠪᠢᠯᠡ᠃ ᠬᠠᠭᠠᠨ ᠡᠴᠢᠭᠡ ᠶ᠋ᠢᠨ ᠵᠠᠷᠯᠢᠭ ᠢ᠋ ᠭᠦᠢᠴᠡᠳᠬᠡᠬᠦ ᠪᠡᠷ ᠲᠡᠳᠡ ᠨᠥᠬᠥᠳ ᠦ᠋ᠨ ᠬᠠᠮᠲᠤ ᠲᠡᠷᠡ ᠳᠠᠷᠤᠢ ᠭᠦᠶᠦᠯᠳᠦᠨ ᠭᠠᠷᠴᠠᠢ᠃ ᠡᠵᠡᠨ ᠳ᠋ᠡᠭᠡᠨ ᠬᠠᠯᠳᠠᠭᠰᠠᠨ ᠪᠣᠭᠣᠯ ᠢ᠋ ᠵᠥᠴᠢ᠂ ᠴᠠᠭᠠᠲᠠᠢ ᠨᠠᠷ ᠢ᠋ᠶ᠋ᠠᠷ ᠴᠠᠭᠠᠵᠠᠯᠠᠭᠤᠯᠤᠭᠰᠠᠨ ᠨᠢ ᠠᠩᠬᠠᠨ ᠤ᠋ ᠬᠢ ᠪᠣᠯᠬᠣᠷ ᠲᠡᠳᠡ ᠲᠤᠢᠯ ᠤ᠋ᠨ ᠶᠡᠬᠡ ᠬᠥᠭᠡᠷᠴᠡᠢ᠃
ᠲᠡᠳᠡᠨ ᠦ᠌ ᠰᠤᠭᠤᠯᠤᠭᠰᠠᠨ ᠰᠡᠯᠡᠮ᠎ᠡ᠂ ᠰᠤᠭᠤᠯᠳᠤᠷᠭᠠᠯᠠᠭᠰᠠᠨ ᠬᠠᠨᠴᠤᠢ ᠶ᠋ᠢ ᠬᠠᠷᠠᠮᠠᠭᠴᠠ ᠲᠡᠮᠦᠵᠢᠨ ᠶᠠᠭᠤ ᠭᠡᠵᠦ ᠰᠢᠢᠳᠦᠭᠰᠡᠨ ᠢ᠋ ᠬᠠᠨᠳᠡᠮᠦᠷ ᠲᠦᠪᠡᠭ ᠦᠭᠡᠢ ᠣᠢᠯᠠᠭᠠᠵᠤ ᠴᠢᠷᠠᠢ ᠨᠢ ᠬᠤᠪᠠᠬᠠᠢ ᠴᠠᠢᠯᠠ᠃ ᠬᠡᠷᠡᠭ ᠶᠠᠪᠤᠳᠠᠯ ᠬᠠᠨᠲᠡᠮᠦᠷ ᠦ᠋ᠨ ᠰᠠᠨᠠᠭᠰᠠᠨ ᠠ᠋ᠴᠠ ᠳᠠᠩᠴᠤ ᠳᠡᠩᠳᠡᠭᠦᠦ ᠬᠤᠷᠳᠤᠨ ᠪᠣᠯᠤᠭᠰᠠᠨ ᠳ᠋ᠤ᠌ ᠲᠡᠷᠡ ᠶᠠᠭᠤ ᠴᠤ᠌ ᠬᠡᠯᠡᠵᠦ᠂ ᠠᠰᠠᠭᠤᠵᠤ ᠠᠮᠵᠢᠭᠰᠠᠨ ᠦᠭᠡᠢ᠃ ᠵᠥᠴᠢ ᠶ᠋ᠢᠨ ᠬᠤᠷᠴᠠ ᠰᠡᠯᠡᠮ᠎ᠡ ᠠᠭᠠᠷ ᠲᠤ᠌ ᠭᠢᠯᠠᠰᠬᠢᠨ ᠳᠠᠭᠤᠲᠤ ᠰᠤᠮᠤ ᠮᠡᠲᠦ ᠱᠦᠩᠭᠢᠨᠡᠨ ᠳᠤᠤᠭᠠᠷᠬᠤ ᠶ᠋ᠢ ᠯᠡ ᠰᠣᠨᠣᠰᠴᠤ ᠠᠮᠵᠢᠵᠠᠢ᠃ ᠣᠯᠠᠨ ᠮᠣᠷᠢᠳ ᠤ᠋ᠨ ᠬᠥᠯᠥᠰᠥ ᠰᠢᠩᠭᠡᠭᠰᠡᠨ ᠲᠤᠭᠤᠷᠠᠢ ᠶ᠋ᠢᠨ ᠲᠠᠮᠠᠭ᠎ᠠ ᠲᠠᠢ ᠭᠠᠵᠠᠷ ᠢ᠋ ᠮᠥᠷᠭᠥᠨ ᠤᠨᠠᠬᠤ ᠳ᠋ᠠᠭᠠᠨ《ᠬᠥᠪᠡᠭᠦᠨ ᠪᠣᠯᠪᠠ ᠤᠤ᠂ ᠥᠬᠢᠨ ᠪᠣᠯᠪᠠ ᠤᠤ》 ᠭᠡᠵᠦ ᠦᠬᠦᠯ ᠡᠴᠡ ᠥᠷᠢᠰᠦᠨ ᠭᠢᠯᠠᠰᠬᠢᠨ ᠪᠣᠳᠣᠵᠤ ᠠᠮᠵᠢᠭᠰᠠᠨ ᠨᠢ ᠬᠠᠨᠳᠡᠮᠦᠷ ᠦ᠋ᠨ ᠡᠴᠦᠰ ᠦ᠋ᠨ ᠪᠣᠳᠣᠯ ᠨᠢ ᠪᠠᠢᠪᠠ᠃ ᠪᠠᠰᠠ ᠵᠥᠴᠢ ᠶ᠋ᠢᠨ ᠳᠠᠭᠠᠭᠤᠯ ᠥᠨᠥᠬᠢ ᠵᠢᠭᠠᠰᠤᠨ ᠨᠢᠳᠦᠲᠦ ᠲᠡᠳᠦ ᠶ᠋ᠢ ᠭᠠᠢᠬᠠᠬᠤ ᠮᠡᠲᠦ ᠰᠢᠷᠳᠡᠭᠰᠡᠭᠡᠷ ᠬᠠᠷᠠᠴᠠ ᠨᠢ ᠠᠯᠭᠤᠷ ᠤᠨᠲᠠᠷᠠᠬᠤ ᠳ᠋ᠤ᠌ ᠲᠡᠳᠦ
| ᠡᠨᠡ ᠬᠠᠨᠲᠡᠮᠦᠷ ᠨᠠᠳᠠᠳᠤ ᠨᠢᠭᠡ ᠶᠠᠭᠤᠮ᠎ᠠ ᠵᠠᠬᠢᠬᠤ ᠭᠡᠵᠦ ᠬᠦᠰᠡᠵᠡᠢ᠃ ᠭᠡᠲᠡᠯ᠎ᠡ ᠵᠥᠴᠢ ᠡᠵᠡᠨ ᠲᠠ ᠬᠥᠶᠢ ᠭᠡᠬᠦ ᠶ᠋ᠢᠨ ᠵᠠᠪ ᠦᠭᠡᠢ ᠠᠯᠠᠴᠢᠬᠠᠯ᠎ᠠ ᠳᠠ ᠭᠡᠵᠦ ᠬᠠᠷᠠᠮᠰᠠᠨ ᠰᠢᠪᠡᠨᠡᠪᠡ᠃
| ᠣᠳᠣ ᠠᠰᠠᠭᠤ᠃ ᠶᠠᠭᠤᠨ ᠳ᠋ᠤ᠌ ᠣᠷᠣᠢᠲᠠᠬᠤ ᠪᠣᠢ? ᠭᠡᠵᠦ ᠪᠠᠬ᠎ᠠ ᠲᠠᠪᠠ ᠨᠢ ᠬᠠᠨᠤᠭᠰᠠᠨ ᠵᠥᠴᠢ ᠢᠨᠢᠶᠡᠭᠡᠳ ᠰᠡᠯᠡᠮ᠎ᠡ ᠶ᠋ᠢᠨ ᠢ᠋ᠶ᠋ᠡᠨ ᠴᠢᠰᠤ ᠶ᠋ᠢ ᠨᠣᠭᠣᠭᠠᠨ ᠳ᠋ᠤ᠌ ᠠᠷᠴᠢᠨ᠎ᠠ᠃ᠦᠨᠡᠬᠡᠷ ᠬᠠᠨᠳᠡᠮᠦᠷ ᠲᠦ᠍ ᠲᠡᠳᠦ ᠡᠴᠡ ᠠᠰᠠᠭᠤᠬᠤ ᠶᠠᠭᠤᠮ᠎ᠠ ᠪᠠᠢᠭᠰᠠᠨ ᠪᠢᠯᠡ᠃ ᠰᠤᠯᠠᠯᠠᠭᠳᠠᠮᠠᠭᠴᠠ ᠬᠠᠮᠤᠭ ᠤ᠋ᠨ ᠲᠦᠷᠦᠭᠦᠨ ᠲᠡᠳᠦ ᠲᠡᠢ ᠠᠭᠤᠯᠵᠠᠵᠤ ᠭᠦᠷᠪᠡᠯᠵᠢᠨ ᠭᠤᠸ᠎ᠠ ᠶ᠋ᠢᠨ ᠢ᠋ᠶ᠋ᠡᠨ ᠰᠤᠷᠠᠭ ᠢ᠋ ᠭᠠᠷᠭᠠᠨ᠎ᠠ ᠭᠡᠵᠦ ᠰᠠᠨᠠᠭᠰᠠᠨ ᠪᠠᠢᠪᠠ᠃ ᠭᠡᠪᠡᠴᠦ ᠪᠦᠬᠦ ᠬᠡᠷᠡᠭ ᠥᠩᠭᠡᠷᠡᠵᠦ ᠬᠠᠨᠳᠡᠮᠦᠷ ᠭᠡᠭᠴᠢ ᠡᠨᠡ ᠵᠣᠪᠠᠯᠠᠩᠲᠤ ᠡᠷ᠎ᠡ ᠭᠠᠵᠠᠷ ᠳᠡᠭᠡᠷ᠎ᠡ ᠦᠯᠡᠳᠡᠭᠰᠡᠨ ᠭᠠᠭᠴᠠ ᠦᠷ᠎ᠡ ᠪᠡᠨ ᠬᠥᠪᠡᠭᠦᠨ᠂ ᠥᠬᠢᠨ ᠠᠯᠢ ᠨᠢ ᠪᠣᠯᠬᠤ ᠶ᠋ᠢ ᠴᠦ᠍ ᠮᠡᠳᠡᠵᠦ ᠴᠢᠳᠠᠭᠰᠠᠨ ᠦᠭᠡᠢ ᠬᠣᠷᠸ᠎ᠠ ᠶ᠋ᠢ ᠣᠷᠬᠢᠪᠠ᠃ ᠬᠥᠭᠡᠷᠦᠬᠦᠢ ᠲᠡᠭᠦᠨ ᠦ᠌ ᠪᠠᠶᠠᠨ ᠠ᠋ᠴᠠ ᠲᠡᠷᠡ ᠳᠠᠷᠤᠢ ᠰᠦᠨᠡᠰᠦ ᠨᠢ ᠵᠠᠢᠯᠠᠨ ᠬᠠᠮᠢᠭ᠎ᠠ ᠨᠢᠭᠡ ᠲᠡᠢ ᠪᠠᠢᠭ᠎ᠠ ᠭᠦᠷᠪᠡᠯᠵᠢᠨ ᠭᠤᠸ᠎ᠠ ᠪᠠᠨ ᠬᠠᠢᠨ ᠣᠳᠪᠠ᠃ ᠵᠠᠮᠤᠬ᠎ᠠ ᠶ᠋ᠢᠨ ᠲᠠᠪᠤᠨ ᠴᠡᠷᠢᠭ ᠢ᠋ ᠴᠠᠪᠴᠢᠨ ᠠᠯᠠᠵᠤ ᠬᠡᠭᠦᠷ ᠢ᠋ ᠨᠢ ᠬᠣᠯᠠ ᠡᠷᠭᠢᠨ ᠳ᠋ᠦ᠍ ᠪᠤᠯᠠᠵᠤ ᠣᠷᠬᠢᠭᠠᠳ ᠵᠥᠴᠢ᠂ ᠴᠠᠭᠠᠲᠠᠢ ᠬᠣᠶᠠᠷ ᠨᠥᠬᠥᠳ ᠦ᠋ᠨ ᠬᠠᠮᠲᠤ ᠪᠤᠴᠠᠵᠤ ᠡᠴᠢᠭᠡ ᠳ᠋ᠡᠭᠡᠨ ᠡᠨᠡ ᠲᠤᠬᠠᠢ ᠢᠯᠡᠳᠬᠡᠪᠡ᠃ ᠬᠠᠷᠢᠨ ᠵᠠᠮᠤᠬ᠎ᠠ ᠥᠪᠡᠷ ᠦ᠋ᠨ ᠰᠠᠨᠠᠭᠰᠠᠨ ᠢ᠋ᠶ᠋ᠠᠷ ᠲᠡᠮᠦᠵᠢᠨ ᠦ᠌ ᠳᠡᠷᠭᠡᠳᠡ ᠨᠡᠷ᠎ᠡ ᠪᠦᠲᠦᠨ᠂ ᠪᠠᠰᠠ ᠲᠡᠭᠦᠨ ᠦ᠌ ᠵᠠᠨᠤᠯᠲᠤ ᠳᠠᠢᠰᠤᠨ ᠬᠡᠪ ᠢ᠋ᠶ᠋ᠡᠷ ᠬᠦᠴᠦᠨ ᠳ᠋ᠦ᠍ ᠠᠪᠲᠠᠭᠰᠠᠨ ᠮᠡᠲᠦ ᠣᠴᠢᠨ᠎ᠠ ᠭᠡᠰᠡᠨ ᠵᠣᠷᠢᠯᠭ᠎ᠠ ᠪᠠᠨ ᠦᠨᠡᠨᠴᠢ ᠪᠣᠭᠣᠯ ᠬᠠᠨᠲᠡᠮᠦᠷ ᠦ᠋ᠨ ᠢ᠋ᠶ᠋ᠡᠨ ᠠᠮᠢ ᠪᠠᠷ ᠦᠷᠡᠨ ᠪᠠᠢᠵᠤ ᠪᠡᠶᠡᠯᠡᠭᠦᠯᠵᠦ ᠴᠢᠳᠠᠵᠠᠢ᠃ ᠦᠨᠡᠨ ᠦᠭᠡ ᠪᠡᠷ ᠮᠠᠭᠲᠠᠵᠤ ᠪᠠᠢᠭᠰᠠᠨ ᠦᠨᠡᠨᠴᠢ ᠪᠣᠭᠣᠯ ᠨᠢ ᠨᠢᠭᠡᠨᠲᠡ ᠦᠭᠡᠢ ᠪᠣᠯᠬᠤ ᠶ᠋ᠢ ᠲᠡᠷᠡ ᠲᠡᠭᠦᠨ ᠦ᠌ ᠡᠴᠦᠰ ᠦ᠋ᠨ ᠤᠳᠠᠭ᠎ᠠ ᠬᠠᠰᠬᠢᠷᠬᠤ ᠳᠠᠭᠤ ᠪᠠᠷ ᠨᠢ ᠮᠡᠳᠡᠭᠰᠡᠨ ᠪᠠᠢᠪᠠ᠃ ᠬᠠᠷᠢᠨ ᠬᠥᠭᠡᠷᠦᠬᠦᠢ ᠲᠡᠭᠦᠨ ᠢ᠋ ᠠᠮᠢ ᠲᠠᠯᠪᠢᠬᠤ ᠳ᠋ᠠᠭᠠᠨ ᠡᠴᠦᠰ ᠦ᠋ᠨ ᠤᠳᠠᠭ᠎ᠠ ᠴᠣᠬᠣᠮ ᠶᠠᠭᠤ ᠭᠡᠵᠦ ᠬᠠᠰᠬᠢᠷᠤᠭᠰᠠᠨ ᠢ᠋ ᠵᠠᠮᠤᠬ᠎ᠠ ᠣᠢᠯᠠᠭᠠᠭᠰᠠᠨ ᠦᠭᠡᠢ᠃ ᠭᠡᠪᠡᠴᠦ ᠲᠡᠭᠦᠨ ᠦ᠌ ᠡᠨᠡ ᠳᠠᠭᠤ ᠳᠡᠩᠳᠡᠭᠦᠦ ᠭᠠᠰᠢᠭᠤᠨ ᠡᠮᠭᠡᠨᠢᠯᠲᠡᠢ᠂ ᠬᠣᠷᠣᠰᠤᠯ ᠵᠠᠨᠤᠯ ᠳᠦᠭᠦᠷᠡᠩ ᠪᠠᠢᠭᠰᠠᠨ ᠢ᠋ ᠵᠠᠮᠤᠬ᠎ᠠ ᠠ᠋ᠴᠠ ᠭᠠᠳᠠᠨ᠎ᠠ ᠲᠡᠳᠦ ᠣᠢᠯᠠᠭᠠᠵᠠᠢ᠃
《ᠬᠠᠨᠲᠡᠮᠦᠷ ᠴᠢ ᠲᠡᠪᠴᠢ᠃ ᠪᠦᠬᠦ ᠶᠠᠭᠤᠮ᠎ᠠ ᠤᠳᠠᠬᠤ ᠦᠭᠡᠢ ᠲᠡᠭᠦᠰᠦᠨ᠎ᠡ᠃ ᠴᠢ ᠲᠩᠷᠢ ᠳ᠋ᠦ᠍ ᠭᠠᠷᠤᠭᠠᠳ ᠨᠠᠮᠠᠶ᠋ᠢ ᠬᠦᠯᠢᠶᠡᠵᠦ ᠪᠠᠢ》 ᠭᠡᠵᠦ ᠵᠠᠮᠤᠬ᠎ᠠ ᠰᠢᠪᠡᠨᠡᠪᠡ᠃ ᠬᠠᠨᠲᠡᠮᠦᠷ ᠦ᠋ᠨ ᠦᠢᠯᠡᠲᠦ ᠦᠬᠦᠯ ᠢ᠋ ᠵᠠᠮᠤᠬ᠎ᠠ ᠡᠷᠲᠡᠨ ᠡᠴᠡ ᠲᠥᠯᠥᠪᠯᠡᠭᠰᠡᠨ ᠲᠤᠯᠠ ᠰᠡᠳᠬᠢᠯ ᠣᠨᠴᠠ ᠶᠡᠬᠡ ᠪᠡᠷ ᠬᠠᠷᠠᠭᠤᠰᠤᠭᠰᠠᠨ ᠦᠭᠡᠢ᠃ ᠭᠡᠪᠡᠴᠦ ᠭᠡᠮᠰᠢᠪᠡ ᠭᠡᠳ ᠶᠠᠭᠠᠬᠢᠬᠤ ᠪᠢᠯᠡ᠃ ᠨᠢᠭᠡᠨᠲᠡ ᠰᠢᠢᠳᠦᠭᠰᠡᠨ ᠵᠠᠮ ᠲᠤᠯᠠ ᠡᠴᠦᠰ ᠢ᠋ᠶ᠋ᠡᠨ ᠬᠦᠷᠲᠡᠯ᠎ᠡ ᠶᠠᠪᠤᠬᠤ ᠠ᠋ᠴᠠ ᠥᠭᠡᠷ᠎ᠡ ᠠᠷᠭ᠎ᠠ ᠦᠭᠡᠢ᠃ ᠣᠳᠣ ᠵᠠᠮᠤᠬ᠎ᠠ ᠳ᠋ᠤ᠌ ᠣᠯᠠᠨ ᠬᠣᠨᠣᠭ᠂ ᠪᠦᠷ ᠰᠡᠭᠦᠯ ᠦ᠋ᠨ ᠵᠢᠯ ᠭᠠᠷᠤᠢ ᠶ᠋ᠢᠨ ᠣᠷᠭᠤᠳᠤᠤᠯ ᠳᠡᠭᠡᠷᠡᠮᠴᠢᠨ ᠰᠢᠭ ᠠᠮᠢᠳᠤᠷᠠᠭᠴᠢ ᠪᠠᠨ ᠠᠶᠠᠳᠠᠵᠤ ᠶᠠᠪᠤᠬᠤ ᠳ᠋ᠠᠭᠠᠨ ᠡᠳᠦᠷ ᠥᠨᠵᠢᠯ ᠦᠭᠡᠢ᠂ ᠰᠥᠨᠢ ᠠᠯᠭᠠᠰᠠᠯ ᠦᠭᠡᠢ ᠲᠣᠪ ᠲᠣᠳᠣ ᠡᠷᠭᠢᠴᠡᠭᠦᠯᠦᠨ ᠪᠣᠳᠣᠭᠰᠠᠭᠠᠷ ᠪᠠᠢᠵᠤ ᠰᠢᠢᠳᠦᠭᠰᠡᠨ ᠡᠴᠦᠰ ᠦ᠋ᠨ ᠬᠦᠰᠡᠯ ᠢ᠋ᠶ᠋ᠡᠨ ᠪᠡᠶᠡᠯᠡᠭᠦᠯᠬᠦ ᠯᠡ ᠦᠯᠡᠳᠡᠪᠡ᠃
ᠲᠡᠭᠦᠨ ᠢ᠋ ᠲᠠᠩᠰᠤᠭ ᠲᠣᠬᠢᠲᠠᠢ ᠭᠡᠷ ᠲᠦ᠍ ᠣᠷᠣᠭᠤᠯᠵᠤ ᠲᠠᠷᠠᠭ ᠠᠢᠷᠠᠭ ᠰᠥᠩᠨᠡᠨ ᠢᠳᠡᠭᠡᠯᠡᠵᠦ ᠪᠤᠳᠠᠭᠠᠯᠠᠵᠤ ᠠᠰᠠᠷᠠᠭᠰᠠᠨ ᠠᠲᠠᠯ᠎ᠠ ᠭᠠᠭᠴᠠ ᠬᠦ᠌ ᠲᠡᠮᠦᠵᠢᠨ ᠢᠷᠡᠭᠰᠡᠨ ᠦᠭᠡᠢ᠃ ᠢᠩᠭᠢᠵᠦ ᠬᠥᠮᠦᠨ ᠢᠷᠡᠵᠦ᠂ ᠨᠣᠬᠠᠢ ᠬᠤᠴᠠᠯ᠎ᠠ ᠴᠤ᠌ ᠭᠡᠵᠦ ᠦᠵᠡᠬᠦ ᠦᠭᠡᠢ ᠪᠠᠢᠭ᠎ᠠ ᠨᠢ ᠵᠠᠮᠤᠬ᠎ᠠ ᠶ᠋ᠢ ᠪᠠᠢᠵᠤ ᠰᠠᠭᠤᠬᠤ ᠠᠷᠭ᠎ᠠ ᠦᠭᠡᠢ ᠪᠣᠯᠭᠠᠵᠤ ᠪᠠᠢᠯ᠎ᠠ᠃ ᠭᠤᠷᠪᠠ ᠬᠣᠨᠣᠭ ᠬᠦᠯᠢᠶᠡᠭᠰᠡᠨ ᠦ᠌ ᠡᠴᠦᠰ ᠲᠦ᠍ ᠭᠡᠨᠡᠳᠲᠡ ᠪᠤᠭᠤᠷᠴᠢ ᠣᠷᠣᠵᠤ ᠢᠷᠡᠪᠡ᠃ ᠵᠡᠭᠦᠨ ᠴᠢᠬᠢᠨ ᠦ᠌ ᠪᠡᠨ ᠣᠮᠣᠭ ᠠ᠋ᠴᠠ ᠪᠠᠨ ᠪᠠᠷᠠᠭᠤᠨ ᠡᠭᠡᠮ ᠢ᠋ᠶ᠋ᠡᠨ ᠬᠦᠷᠲᠡᠯ᠎ᠡ᠂《ᠶᠠᠭᠠᠬᠢᠵᠤ ᠠᠮᠢᠳᠤ ᠦᠯᠡᠳᠡᠪᠡ》 ᠭᠡᠮᠡᠷ ᠭᠦᠨᠵᠡᠭᠡᠢ ᠤᠷᠲᠤ ᠰᠣᠷᠪᠢ ᠲᠠᠢ ᠪᠤᠭᠤᠷᠴᠢ ᠬᠡᠮᠡᠬᠦ ᠲᠡᠷᠡ ᠬᠦ᠌ ᠨᠠᠮᠬᠠᠨ ᠪᠠᠯᠲᠠᠭᠠᠷ ᠪᠡᠶ᠎ᠡ ᠲᠡᠢ᠂ ᠱᠠᠭᠠᠨᠲᠠᠭ ᠰᠢᠭ᠋ ᠳᠥᠷᠪᠡᠯᠵᠢᠨ ᠡᠷ᠎ᠡ ᠢᠯᠡᠭᠦᠦ ᠳᠤᠲᠠᠭᠤ ᠴᠢᠮᠡᠭ ᠦᠭᠡᠢ ᠪᠡᠷ ᠲᠡᠮᠦᠵᠢᠨ ᠦ᠌ ᠦᠭᠡ ᠶ᠋ᠢ ᠤᠯᠠᠮᠵᠢᠯᠠᠪᠠ᠃ ᠪᠤᠭᠤᠷᠴᠢ᠂ ᠲᠡᠮᠦᠵᠢᠨ ᠦ᠌ ᠬᠡᠯᠡᠭᠦᠯᠦᠭᠰᠡᠨ ᠦᠭᠡ ᠶ᠋ᠢ ᠰᠢᠯᠦᠭ ᠪᠣᠯᠭᠠᠨ ᠵᠣᠬᠢᠶᠠᠭᠰᠠᠨ ᠪᠢᠯᠡ᠃
|ᠣᠯᠠᠨ ᠵᠢᠯ ᠪᠢᠳᠡ
ᠣᠢᠷ᠎ᠠ ᠨᠥᠬᠥᠷ ᠶᠠᠪᠤᠭᠰᠠᠨ ᠪᠢᠯᠡ᠃
ᠣᠰᠣᠯ ᠴᠠᠯᠠᠭᠠᠢ ᠴᠢ
ᠣᠯᠠᠨ ᠰᠠᠨᠠᠭᠠᠨ ᠳ᠋ᠤ᠌ ᠬᠥᠲᠥᠯᠦᠭᠳᠡᠵᠦ
ᠤᠷᠤᠭ ᠪᠣᠣᠬᠠᠢ ᠰᠢᠭ᠋ ᠵᠣᠢᠭᠣᠵᠤ ①
ᠣᠯᠣᠢᠷᠲᠤ ᠠᠳᠤᠭᠤᠰᠤ ᠰᠢᠭ᠋ ᠴᠠᠩᠬᠠᠯᠠᠵᠤ
ᠲᠠᠩᠬᠢᠯ ᠪᠠᠯᠴᠢᠷ ᠨᠠᠰᠤᠨ ᠤ᠋
ᠲᠠᠩᠭᠠᠷᠢᠭ ᠦᠭᠡᠨ ᠡᠴᠡ ᠨᠢᠴᠤᠵᠤ
ᠬᠠᠮᠬᠤᠤᠯ ᠮᠡᠲᠦ ᠬᠡᠢᠰᠦᠨ
ᠬᠠᠷᠠᠬᠤ ᠪᠠᠷ᠎ᠠ ᠦᠭᠡᠢ ᠣᠳᠤᠭᠰᠠᠨ ᠪᠤᠰᠤ ᠤᠤ?
ᠥᠨᠥ ᠪᠣᠯᠬᠤ ᠳ᠋ᠤ᠌ ᠴᠢ
ᠥᠩᠬᠥᠷᠢᠬᠦ ᠮᠣᠳᠣᠨ ᠲᠡᠷᠭᠡᠨ ᠦ᠌
ᠥᠷᠥᠭᠡᠰᠦᠨ ᠠᠷᠠᠯ ᠪᠣᠯᠤᠭᠠᠳ
ᠥᠭᠡᠳᠡ ᠦᠭᠡᠢ ᠮᠠᠭᠤ ᠪᠣᠭᠣᠯ ᠤ᠋ᠨ ᠢ᠋ᠶ᠋ᠠᠨ
ᠥᠭᠡᠰᠢ ᠢᠳᠡᠰᠢ ᠪᠣᠯᠵᠤ
ᠥᠪᠡᠷ ᠦ᠋ᠨ ᠳᠤᠷ᠎ᠠ ᠪᠠᠷ ᠢᠷᠡᠭᠡ ᠦᠭᠡᠢ ᠲᠤᠯᠠ
ᠥᠨᠥ ᠪᠠᠭ᠎ᠠ ᠶ᠋ᠢᠨ ᠠᠨᠳᠠ ᠳ᠋ᠠᠭᠠᠨ
ᠥᠰᠲᠦ ᠰᠠᠨᠠᠭ᠎ᠠ ᠠᠭᠤᠯᠬᠤ ᠦᠭᠡᠢ ᠪᠢᠵᠡ
ᠥᠩᠭᠡᠷᠡᠭᠰᠡᠨ ᠢ᠋ ᠮᠠᠷᠲᠠᠵᠤ
ᠥᠰᠢᠶ᠎ᠡ ᠬᠣᠷᠣᠰᠤᠯ ᠢ᠋ᠶ᠋ᠠᠨ ᠲᠠᠢᠯᠵᠤ
ᠬᠠᠮᠲᠤ ᠬᠣᠶᠠᠭᠤᠯᠠ ᠨᠡᠢᠯᠡᠵᠦ
ᠬᠠᠷᠢᠯᠴᠠᠨ ᠨᠠᠢᠷᠠᠮᠳᠠᠵᠤ
ᠤᠮᠠᠷᠲᠠᠭᠰᠠᠨ ᠢ᠋ᠶ᠋ᠠᠨ ᠰᠠᠨᠠᠭᠤᠯᠵᠤ
ᠤᠨᠲᠠᠭᠰᠠᠨ ᠢ᠋ᠶ᠋ᠠᠨ ᠰᠡᠷᠡᠭᠡᠵᠦ ᠶᠠᠪᠤᠶ᠎ᠠ
ᠥᠷᠭᠡᠰᠦ ᠮᠡᠲᠦ ᠶᠠᠪᠤᠭᠰᠠᠨ ᠪᠣᠯᠪᠠᠴᠤ
ᠥᠯᠵᠡᠢᠲᠦ ᠰᠠᠢᠨ ᠨᠥᠬᠥᠷ ᠮᠢᠨᠢ ᠪᠢᠯᠡ᠂ ᠴᠢ
ᠥᠰᠢᠯᠳᠦᠨ ᠪᠠᠢᠯᠳᠤᠬᠤ ᠶ᠋ᠢᠨ ᠴᠠᠭ ᠲᠤ᠌
ᠦᠷᠦ ᠵᠢᠷᠦᠬᠡ ᠪᠡᠨ ᠡᠪᠡᠳᠬᠡᠳᠡᠭ ᠪᠢᠯᠡ᠂ ᠴᠢ
ᠠᠩᠭᠢᠳᠠ ᠵᠠᠮ ᠢ᠋ᠶ᠋ᠠᠷ ᠶᠠᠪᠤᠭᠰᠠᠨ ᠪᠣᠯᠪᠠᠴᠤ
ᠠᠨᠳᠠ ᠰᠠᠢᠨ ᠨᠥᠬᠥᠷ ᠮᠢᠨᠢ ᠪᠢᠯᠡ᠂ ᠴᠢ
ᠤᠯᠠᠢᠷᠠᠨ ᠪᠠᠢᠯᠳᠤᠬᠤ ᠶ᠋ᠢᠨ ᠴᠠᠭ ᠲᠤ᠌ ᠴᠤ᠌
ᠠᠭᠤᠰᠬᠢ ᠵᠢᠷᠦᠬᠡ ᠪᠡᠨ ᠡᠪᠡᠳᠬᠡᠳᠡᠭ ᠪᠢᠯᠡ᠂ ᠴᠢ
ᠬᠠᠭᠤᠷᠮᠠᠭ ᠦᠭᠡ ᠶ᠋ᠢ ᠬᠡᠯᠡᠭᠰᠡᠨ ᠦᠭᠡᠢ᠂ ᠪᠢ
ᠬᠠᠭᠤᠴᠢᠨ ᠨᠥᠬᠥᠷᠯᠡᠯ ᠢ᠋ᠶ᠋ᠡᠨ ᠳᠤᠷᠠᠳᠪᠠ᠂ ᠪᠢ
ᠬᠡᠷᠡᠢᠳ ᠦ᠋ᠨ ᠬᠠᠨ ᠲᠣᠭᠣᠷᠢᠯ ᠲᠠᠢ
ᠬᠡᠨ ᠨᠢ ᠳᠡᠢᠯᠬᠦ ᠪᠡᠨ ᠦᠵᠡᠯᠴᠡᠵᠦ
ᠬᠡᠩᠬᠦᠳᠡᠭ ᠴᠡᠭᠡᠵᠢ ᠪᠡᠨ ᠤᠷᠠᠯᠴᠠᠵᠤ
ᠬᠡᠢᠰᠬᠦ ᠦᠰᠦ ᠪᠡᠨ ᠵᠣᠯᠭᠠᠴᠠᠬᠤ ᠭᠡᠵᠦ
ᠬᠠᠷ᠎ᠠ ᠬᠠᠯᠵᠠᠨ ᠡᠯᠢᠶᠡᠲᠦ ᠳ᠋ᠦ᠍
ᠬᠠᠳᠬᠤᠯᠳᠤᠬᠤ ᠴᠠᠭ ᠪᠣᠯᠬᠤ ᠳ᠋ᠤ᠌
ᠲᠣᠭᠣᠷᠢᠯ ᠬᠠᠨ ᠤ᠋ ᠰᠠᠨᠠᠭ᠎ᠠ ᠶ᠋ᠢ
ᠲᠣᠪ ᠲᠠᠢ ᠬᠡᠯᠡᠵᠦ ᠲᠤᠰᠠᠯᠠᠭᠰᠠᠨ ᠪᠢᠯᠡ᠂ ᠴᠢ
ᠣᠪᠯᠢᠭᠠ ᠦᠭᠡᠢ ᠨᠠᠢ᠍ᠮᠠᠨ ᠢ᠋ ᠴᠣᠬᠢᠬᠤ ᠳ᠋ᠤ᠌
ᠣᠨᠣᠴᠢᠲᠤ ᠦᠭᠡ ᠪᠡᠷ ᠵᠥᠪᠯᠡᠵᠦ
ᠤᠪ ᠤᠬᠠᠭᠠᠨ ᠢ᠋ᠶ᠋ᠠᠷ ᠮᠤᠬᠤᠷᠳᠠᠭᠤᠯᠵᠤ
ᠦᠭᠡ ᠪᠡᠷ ᠢ᠋ᠶ᠋ᠡᠨ ᠦᠬᠦᠲᠡᠯ᠎ᠡ ᠰᠦᠷᠳᠡᠭᠦᠯᠵᠦ
ᠠᠮᠠ ᠪᠠᠷ ᠢ᠋ᠶ᠋ᠠᠨ ᠠᠶᠤᠲᠠᠯ᠎ᠠ ᠰᠠᠨᠳᠤᠷᠭᠠᠵᠤ
ᠠᠯᠢᠪᠠ ᠪᠠᠢᠳᠠᠯ ᠢ᠋ ᠨᠢ ᠮᠡᠳᠡᠭᠡᠯᠡᠵᠦ
ᠠᠴᠢ ᠲᠤᠰᠠ ᠬᠦᠷᠭᠡᠭᠰᠡᠨ ᠪᠢᠯᠡ᠂ ᠴᠢ
ᠠᠨᠳᠠ ᠶ᠋ᠢᠨ ᠲᠠᠩᠭᠠᠷᠢᠭ ᠢ᠋ᠶ᠋ᠠᠨ ᠰᠡᠷᠭᠦᠭᠡᠶ᠎ᠡ
ᠠᠴᠢ ᠲᠤᠰᠠ ᠪᠠᠨ ᠥᠭᠭᠦᠯᠴᠡᠶᠡ
ᠮᠥᠩᠬᠡ ᠲᠩᠷᠢ ᠶ᠋ᠢᠨ ᠬᠦᠴᠦᠨ ᠳᠣᠣᠷ᠎ᠠ
ᠮᠥᠷᠥ ᠵᠡᠷᠭᠡᠴᠡᠨ ᠶᠠᠪᠤᠶ᠎ᠠ
ᠵᠠᠩᠭᠢᠳᠤᠭᠰᠠᠨ ᠭᠠᠷ ᠢ᠋ᠶ᠋ᠠᠨ ᠲᠡᠨᠢᠢᠯᠴᠡᠵᠦ
ᠵᠠᠩᠭᠢᠷᠠᠭᠰᠠᠨ ᠬᠦᠴᠦ ᠪᠡᠨ ᠨᠢᠭᠡᠳᠬᠡᠵᠦ
ᠨᠢᠭᠡᠨ ᠲᠤᠭ ᠤ᠋ᠨ ᠳᠣᠣᠷ᠎ᠠ
ᠨᠢᠭᠡᠳᠴᠦ ᠬᠣᠶᠠᠭᠤᠯᠠ ᠶᠠᠪᠤᠰᠤᠭᠠᠢ ᠭᠡᠵᠦ ᠲᠡᠮᠦᠵᠢᠨ ᠦ᠌ ᠬᠡᠯᠡᠭᠦᠯᠦᠭᠰᠡᠨ ᠢ᠋ ᠰᠣᠨᠣᠰᠤᠭᠠᠳ ᠵᠠᠮᠤᠬ᠎ᠠ ᠣᠭᠲᠣ ᠪᠠᠶᠠᠷᠯᠠᠵᠤ ᠬᠥᠭᠡᠷᠦᠭᠡ ᠦᠭᠡᠢ ᠨᠢ ᠪᠤᠭᠤᠷᠴᠢ ᠶ᠋ᠢ ᠶᠡᠬᠡᠳᠡ ᠭᠠᠢᠬᠠᠰᠢᠷᠠᠭᠤᠯᠵᠠᠢ᠃ ᠵᠠᠮᠤᠬ᠎ᠠ ᠪᠣᠳᠣᠯ ᠪᠣᠯᠤᠨ ᠵᠣᠭᠰᠣᠭᠰᠠᠭᠠᠷ ᠪᠠᠢᠪᠠ᠃ ᠲᠡᠮᠦᠵᠢᠨ ᠲᠡᠭᠦᠨ ᠢ᠋ ᠥᠷᠥᠰᠢᠶᠡᠭᠰᠡᠨ ᠨᠢ ᠶᠡᠷᠦ ᠭᠠᠢᠬᠠᠬᠤ ᠵᠦᠢᠯ ᠪᠢᠰᠢ ᠶᠦᠮ᠃ ᠡᠨᠡ ᠪᠣᠯ ᠲᠡᠮᠦᠵᠢᠨ ᠦ᠌ ᠬᠤᠪᠢ ᠳ᠋ᠤ᠌ ᠵᠠᠮᠤᠬ᠎ᠠ ᠶᠠᠳᠠᠵᠤ ᠡᠩ ᠳ᠋ᠥ᠋ᠢᠴᠡᠬᠦ ᠳᠠᠢᠰᠤᠨ ᠨᠢ ᠴᠦ᠍ ᠪᠢᠰᠢ᠂ ᠶᠡᠷᠦ ᠬᠡᠨ ᠴᠦ᠍ ᠪᠢᠰᠢ ᠪᠣᠯᠤᠭᠰᠠᠨ ᠤ᠋ ᠭᠡᠷᠡᠴᠢ ᠪᠠᠢᠯ᠎ᠠ᠃ ᠦᠭᠡᠢ ᠰᠠᠨ ᠪᠣᠯ ᠶᠠᠳᠠᠵᠤ ᠥᠪᠡᠷ ᠢ᠋ᠶ᠋ᠡᠨ ᠢᠷᠡᠵᠦ ᠡᠭᠦᠨ ᠢ᠋ ᠪᠡᠨ ᠬᠡᠯᠡᠬᠦ ᠨᠢ ᠶᠠᠭᠠᠬᠢᠪᠠ᠃ ᠲᠡᠮᠦᠵᠢᠨ ᠢᠩᠭᠢᠵᠦ ᠬᠠᠭᠤᠴᠢᠨ ᠠᠨᠳᠠ ᠶ᠋ᠢᠨ ᠶᠣᠰᠣᠭᠠᠷ ᠬᠦᠷᠭᠡᠭᠰᠡᠨ ᠲᠤᠰᠠ ᠶ᠋ᠢ ᠳᠤᠷᠠᠳᠤᠨ ᠬᠡᠯᠡᠭᠦᠯᠦᠭᠰᠡᠨ ᠨᠢ ᠠᠴᠢ ᠶ᠋ᠢ ᠰᠠᠨᠠᠭᠰᠠᠨ ᠮᠡᠲᠦ ᠪᠣᠯᠵᠤ ᠵᠥᠪᠬᠡᠨ ᠥᠪᠡᠷ ᠦ᠋ᠨ ᠨᠡᠷ᠎ᠡ ᠨᠢᠭᠤᠷ ᠢ᠋ ᠪᠣᠳᠣᠭᠰᠠᠨ ᠠ᠋ᠴᠠ ᠴᠠᠭᠠᠰᠢ ᠦᠭᠡᠢ ᠬᠡᠷᠡᠭ ᠭᠡᠵᠦ ᠤᠬᠠᠭᠠᠷᠠᠭᠠᠳ ᠪᠤᠬᠢᠨᠢᠳᠤᠪᠠ᠃ ᠲᠡᠷᠡ ᠭᠠᠭᠴᠠᠬᠠᠨ ᠲᠡᠮᠦᠵᠢᠨ ᠲᠡᠢ ᠨᠢᠭᠤᠷ ᠲᠤᠯᠤᠨ ᠠᠭᠤᠯᠵᠠᠬᠤ ᠶ᠋ᠢ ᠬᠦᠰᠡᠵᠦ ᠪᠠᠢᠪᠠ᠃ ᠬᠠᠷᠢᠨ ᠲᠡᠭᠦᠨ ᠢ᠋ ᠥᠳᠥᠭᠡᠨ ᠢᠷᠡᠭᠦᠯᠬᠦ ᠠᠷᠭ᠎ᠠ ᠮᠤᠬᠤᠷᠳᠠᠵᠤ ᠪᠠᠢᠯ᠎ᠠ᠃
| ᠪᠤᠭᠤᠷᠴᠢ ᠴᠢ ᠰᠠᠢᠨ ᠰᠣᠨᠣᠰ᠃
ᠪᠢ ᠬᠠᠭᠤᠴᠢᠨ ᠠᠨᠳᠠ ᠲᠡᠮᠦᠵᠢᠨ ᠦ᠌
ᠬᠠᠯᠠᠭᠤᠨ ᠨᠢᠭᠤᠷ ᠢ᠋ ᠬᠠᠷᠠᠵᠤ
ᠬᠠᠲᠠᠭᠤ ᠦᠭᠡ ᠶ᠋ᠢ ᠰᠣᠨᠣᠰᠤᠶ᠎ᠠ᠃
ᠲᠡᠭᠦᠨ ᠦ᠌ ᠡᠴᠦᠰ ᠲᠦ᠍ ᠨᠠᠮᠠᠶ᠋ᠢ ᠦᠬᠦᠭᠦᠯᠦᠭᠲᠦᠨ ᠭᠡᠵᠦ ᠴᠢᠩᠭᠢᠰ ᠬᠠᠭᠠᠨ ᠳ᠋ᠠᠭᠠᠨ ᠠᠢᠯᠠᠳᠬ᠎ᠠ ᠭᠡᠵᠦ ᠵᠠᠮᠤᠬ᠎ᠠ ᠤᠷᠢᠳ ᠪᠣᠷᠣᠬᠤᠯ ᠳ᠋ᠤ᠌ ᠬᠡᠯᠡᠭᠰᠡᠨ ᠡᠴᠡ ᠪᠡᠨ ᠤᠬᠤᠷᠢᠭᠰᠠᠨ ᠦᠭᠡᠢ᠃
| ᠵᠠᠮᠤᠬ᠎ᠠ ᠴᠢ ᠣᠯᠠᠨ ᠦᠭᠡ ᠪᠦᠦ ᠶᠠᠷᠢ᠃ ᠴᠢᠩᠭᠢᠰ ᠬᠠᠭᠠᠨ ᠴᠢᠮᠠᠶ᠋ᠢ ᠡᠨᠡᠷᠢᠵᠦ ᠥᠷᠥᠰᠢᠶᠡᠪᠡ᠃ ᠴᠢ ᠬᠦᠰᠡᠪᠡᠯ ᠣᠳᠣ ᠳᠤᠷᠠᠲᠠᠢ ᠵᠦᠭ ᠲᠡᠭᠡᠨ ᠭᠠᠷᠴᠤ ᠣᠳᠤᠭᠲᠤᠨ᠃ ᠴᠢᠩᠭᠢᠰ ᠬᠠᠭᠠᠨ ᠳ᠋ᠤ᠌ ᠵᠢᠳᠬᠦᠪᠡᠯ ᠪᠢ ᠴᠢᠮ᠎ᠠ ᠳ᠋ᠤ᠌ ᠲᠤᠰᠠᠯᠠᠶ᠎ᠠ᠃ ᠡᠰᠡᠪᠡᠯ ᠴᠢ ᠵᠦᠭᠡᠷ ᠥᠪᠡᠷ ᠦ᠋ᠨ ᠲᠠᠪᠠ ᠪᠠᠷ ᠡᠨᠳᠡ ᠰᠠᠭᠤᠨ᠎ᠠ ᠤᠤ? ᠡᠨᠡ ᠭᠡᠷ ᠴᠢᠨᠦᠬᠢ᠃ ᠬᠠᠷᠢᠨ ᠶᠡᠬᠡ ᠡᠵᠡᠨ ᠴᠢᠩᠭᠢᠰ ᠬᠠᠭᠠᠨ ᠳ᠋ᠤ᠌ ᠣᠯᠠᠨ ᠦᠭᠡ ᠬᠡᠯᠡᠵᠦ ᠲᠡᠭᠦᠨ ᠢ᠋ ᠪᠦᠦ ᠪᠤᠬᠢᠨᠢᠳᠤᠭᠤᠯ᠃ ᠢᠩᠭᠢᠬᠦ ᠨᠢ ᠴᠢᠮ᠎ᠠ ᠳ᠋ᠤ᠌ ᠣᠰᠣᠯ ᠲᠠᠢ ᠴᠤ᠌ ᠪᠠᠢᠵᠤ ᠮᠡᠳᠡᠨ᠎ᠡ ᠭᠡᠵᠦ ᠪᠤᠭᠤᠷᠴᠢ ᠲᠡᠭᠦᠨ ᠳ᠋ᠦ᠍ ᠵᠥᠪᠯᠡᠵᠡᠢ᠃
| ᠴᠢ ᠮᠢᠨᠦ ᠶᠠᠭᠤ ᠬᠢᠬᠦ᠂ ᠶᠠᠭᠤ ᠬᠡᠯᠡᠬᠦ ᠶ᠋ᠢ ᠵᠢᠭᠠᠬᠤ ᠤᠤ? ᠬᠢᠷᠢ ᠪᠡᠨ ᠮᠡᠳᠡ᠃ ᠭᠠᠷ ᠭᠠᠪᠠ ᠲᠠᠢ᠂ ᠬᠥᠯ ᠬᠦᠯᠢᠭ ᠲᠡᠢ ᠭᠡᠵᠦ ᠴᠢ ᠪᠦᠦ ᠪᠠᠰᠤ᠃ ᠵᠠᠳᠠᠷᠠᠨ ᠤ᠋ ᠵᠠᠮᠤᠬ᠎ᠠ᠂ ᠬᠥᠷ ᠬᠠᠭᠠᠨ ᠪᠢ ᠴᠢᠮ᠎ᠠ ᠪᠠᠷ ᠬᠡᠯᠡᠬᠦ ᠦᠭᠡ ᠬᠢᠬᠦ ᠦᠢᠯᠡ ᠪᠡᠨ ᠵᠢᠭᠠᠯᠭᠠᠬᠤ ᠦᠭᠡᠢ᠃ ᠴᠢ ᠲᠡᠷᠡ ᠲᠡᠮᠦᠵᠢᠨ ᠳ᠋ᠦ᠍ ᠣᠴᠢᠵᠤ ᠬᠡᠯᠡ᠃ ᠨᠠᠮᠠᠶ᠋ᠢ ᠦᠳᠲᠡᠷ ᠲᠦᠷᠭᠡᠨ ᠦᠬᠦᠭᠦᠯᠦᠭᠲᠦᠨ᠃ ᠪᠢ ᠬᠠᠭᠠᠨ ᠬᠥᠮᠦᠨ᠃ ᠭᠠᠭᠴᠠᠬᠠᠨ ᠴᠢᠩᠭᠢᠰ ᠬᠠᠭᠠᠨ ᠲᠠᠢ ᠯᠠ ᠠᠭᠤᠯᠵᠠᠵᠤ ᠲᠡᠭᠦᠨ ᠦ᠌ ᠦᠭᠡ ᠶ᠋ᠢ ᠰᠣᠨᠣᠰᠤᠨ᠎ᠠ᠃
| ᠪᠤᠭᠤᠷᠴᠢ ᠴᠢᠮᠠᠶ᠋ᠢ ᠦᠭᠡᠢ ᠪᠠᠢᠬᠤ ᠳ᠋ᠤ᠌
ᠪᠣᠯᠤᠭᠰᠠᠨ ᠬᠣᠭᠣᠯᠠ ᠪᠠᠨ ᠬᠤᠪᠢᠶᠠᠵᠤ
ᠪᠣᠯᠵᠣᠭ ᠵᠤᠷᠠᠮ᠎ᠠ ᠠᠩᠨᠠᠵᠤ ᠶᠠᠪᠤᠯ᠎ᠠ᠂ ᠪᠢᠳᠡ
ᠬᠠᠨ ᠲᠤᠭᠤᠷᠢᠯ ᠤ᠋ᠨ ᠲᠣᠭᠣᠭ᠎ᠠ ᠶ᠋ᠢ ᠥᠩᠭᠡᠢᠵᠦ
ᠬᠠᠷᠪᠤᠬᠤ ᠨᠠᠮᠨᠠᠬᠤ ᠰᠤᠷᠭᠠᠭᠤᠯᠢ ᠬᠢᠵᠦ
ᠬᠠᠨᠢᠯᠠᠵᠤ ᠨᠥᠬᠥᠷᠯᠡᠵᠦ ᠶᠠᠪᠤᠯ᠎ᠠ᠂ ᠪᠢᠳᠡ
ᠬᠥᠨᠳᠡᠯᠡᠨ ᠦ᠌ ᠬᠥᠮᠦᠨ ᠳ᠋ᠦ᠍ ᠦᠭᠡ ᠲᠠᠢᠵᠤ
ᠬᠥᠨᠳᠡᠢ ᠴᠢᠷᠠᠢᠯᠠᠭᠰᠠᠨ ᠲᠡᠭᠦᠨ ᠲᠡᠢ
ᠤᠯᠠᠭᠠᠨ ᠨᠢᠭᠤᠷ ᠢ᠋ᠶ᠋ᠠᠷ ᠢ᠋ᠶ᠋ᠠᠨ ᠠᠭᠤᠯᠵᠠᠵᠤ
ᠤᠴᠢᠷ ᠨᠠᠴᠢᠷ ᠢ᠋ᠶ᠋ᠠᠨ ᠬᠡᠯᠡᠯᠴᠡᠨ᠎ᠡ᠂ ᠪᠢ
ᠡᠢᠮᠦ ᠠᠲᠠᠯ᠎ᠠ ᠴᠢ ᠨᠠᠳᠠᠳᠤ
ᠶᠡᠬᠡ ᠦᠭᠡ ᠶ᠋ᠢ ᠬᠡᠯᠡᠬᠦ ᠪᠤᠶᠤ ᠭᠡᠵᠦ ᠵᠠᠮᠤᠬ᠎ᠠ ᠠᠭᠤᠷᠰᠠᠨ ᠬᠠᠰᠬᠢᠷᠪᠠ᠃ ᠪᠤᠭᠤᠷᠴᠢ ᠶ᠋ᠢ ᠵᠠᠷᠤᠨ ᠢᠷᠡᠭᠦᠯᠵᠦ ᠲᠡᠭᠦᠨ ᠢ᠋ ᠬᠠᠷᠠᠴᠤ ᠵᠠᠷᠤᠴᠠ ᠶ᠋ᠢᠨ ᠬᠡᠮᠵᠢᠶᠡᠨ ᠳ᠋ᠦ᠍ ᠦᠵᠡᠭᠰᠡᠨ ᠳ᠋ᠦ᠍ ᠵᠠᠮᠤᠬ᠎ᠠ ᠪᠤᠬᠢᠨᠢᠳᠤᠨ ᠡᠭᠳᠡᠭᠦᠴᠡᠵᠡᠢ᠃ ᠥᠪᠡᠷ ᠦ᠋ᠨ ᠬᠢᠨᠢ ᠣᠢᠷ᠎ᠠ ᠰᠢᠳᠠᠷ ᠤ᠋ᠳ ᠤ᠋ᠨ ᠳᠣᠲᠣᠷ᠎ᠠ ᠠ᠋ᠴᠠ ᠤᠷᠠᠨ ᠴᠡᠴᠡᠨ ᠦᠭᠡ ᠬᠡᠯᠡ ᠪᠡᠷ ᠢ᠋ᠶ᠋ᠡᠨ ᠵᠠᠮᠤᠬ᠎ᠠ ᠲᠠᠢ ᠥᠷᠢᠰᠦᠯᠳᠦᠵᠦ ᠴᠢᠳᠠᠬᠤ ᠨᠢ ᠪᠤᠭᠤᠷᠴᠢ ᠪᠠᠢᠭᠰᠠᠨ ᠲᠤᠯᠠ ᠲᠡᠮᠦᠵᠢᠨ ᠵᠥᠪᠬᠡᠨ ᠡᠢᠮᠦ ᠬᠡᠷᠡᠭ ᠦ᠋ᠨ ᠤᠴᠢᠷ ᠲᠡᠭᠦᠨ ᠢ᠋ ᠢᠯᠡᠭᠡᠭᠰᠡᠨ ᠢ᠋ ᠵᠠᠮᠤᠬ᠎ᠠ ᠤᠬᠠᠭᠠᠷᠠᠭᠰᠠᠨ ᠦᠭᠡᠢ ᠳᠣᠣᠷ᠎ᠠ ᠳ᠋ᠤ᠌ ᠦᠵᠡᠪᠡ ᠭᠡᠮᠡᠨ ᠳᠡᠮᠡᠢ ᠬᠠᠷᠠᠳᠠᠵᠠᠢ᠃ ᠬᠠᠷᠢᠨ ᠪᠤᠭᠤᠷᠴᠢ ᠵᠠᠮᠤᠬ᠎ᠠ ᠶ᠋ᠢᠨ ᠬᠡᠯᠡᠬᠦ ᠶ᠋ᠢ ᠰᠣᠨᠣᠰᠤᠭᠠᠳ
— ᠵᠠᠮᠤᠬ᠎ᠠ ᠴᠢᠨᠦ ᠬᠠᠮᠢᠭ᠎ᠠ ᠶᠠᠭᠤ ᠬᠢᠵᠦ ᠶᠠᠪᠤᠭᠰᠠᠨ ᠢ᠋ ᠪᠢ ᠪᠠᠰᠠ ᠮᠡᠳᠡᠬᠦ ᠶᠦᠮ᠂ ᠴᠢ ᠬᠡᠯᠡᠬᠦ ᠦᠭᠡ ᠪᠠᠢᠪᠠᠯ ᠬᠡᠯᠡᠰᠦᠭᠡᠢ᠃ ᠪᠢ ᠪᠦᠭᠦᠳᠡ ᠶ᠋ᠢ ᠴᠢᠩᠭᠢᠰ ᠬᠠᠭᠠᠨ ᠳ᠋ᠤ᠌ ᠤᠯᠠᠮᠵᠢᠯᠠᠶ᠎ᠠ᠃ ᠡᠭᠦᠨ ᠢ᠋ ᠴᠢ ᠮᠢᠨᠦ ᠲᠤᠰᠠ ᠭᠡᠵᠦ ᠪᠣᠳᠣᠭᠳᠠᠨ ᠭᠡᠪᠡ᠃ ᠣᠳᠣ ᠲᠡᠭᠦᠨ ᠦ᠌ ᠬᠡᠯᠡᠬᠦ ᠦᠭᠡᠨ ᠡᠴᠡ ᠲᠡᠮᠦᠵᠢᠨ ᠲᠡᠭᠦᠨ ᠳ᠋ᠦ᠍ ᠶᠠᠭᠠᠬᠢᠵᠤ ᠬᠠᠨᠳᠤᠬᠤ ᠨᠢ ᠬᠠᠮᠢᠶᠠᠷᠬᠤ ᠲᠤᠯᠠ ᠰᠡᠳᠬᠢᠯ ᠢ᠋ ᠨᠢ ᠤᠶᠠᠷᠠᠭᠠᠬᠤ ᠪᠠᠷ ᠲᠡᠢᠮᠦ ᠰᠠᠢᠬᠠᠨ ᠦᠭᠡ ᠶ᠋ᠢ ᠣᠯᠵᠤ ᠬᠡᠯᠡᠬᠦ ᠶᠣᠰᠣᠲᠠᠢ ᠪᠠᠨ ᠵᠠᠮᠤᠬ᠎ᠠ ᠰᠠᠶᠢ ᠯᠠ ᠣᠢᠯᠠᠭᠠᠯ᠎ᠠ᠃ ᠵᠠᠮᠤᠬ᠎ᠠ ᠶ᠋ᠢᠨ ᠰᠠᠨᠠᠭᠠᠨ ᠳ᠋ᠤ᠌ ᠲᠡᠮᠦᠵᠢᠨ ᠳ᠋ᠦ᠍ ᠢᠯᠡᠭᠡᠬᠦ ᠰᠢᠯᠦᠭ ᠤᠷᠤᠰᠤᠨ ᠣᠷᠣᠵᠤ ᠢᠷᠡᠪᠡ᠃ ᠲᠡᠭᠦᠨ ᠦ᠌ ᠰᠡᠳᠬᠢᠯ ᠳᠣᠭᠳᠣᠯᠤᠨ ᠬᠥᠳᠡᠯᠵᠡᠢ᠃ ᠲᠡᠷᠡ ᠬᠡᠵᠢᠶ᠎ᠡ ᠴᠦ᠍ ᠢᠩᠭᠢᠵᠦ ᠴᠢᠩ ᠰᠡᠳᠬᠢᠯ ᠡᠴᠡ ᠪᠡᠨ ᠰᠢᠯᠦᠭ ᠵᠣᠬᠢᠶᠠᠵᠤ ᠪᠠᠢᠭ᠎ᠠ ᠦᠭᠡᠢ ᠮᠡᠲᠦ ᠰᠠᠨᠠᠭᠳᠠᠪᠠ᠃ ᠥᠩᠭᠡᠷᠡᠭᠦᠯᠦᠭᠰᠡᠨ ᠠᠮᠢᠳᠤᠷᠠᠯ᠂ ᠥᠨᠥ ᠡᠷᠲᠡᠨ ᠦ᠌ ᠶᠠᠪᠤᠳᠠᠯ ᠨᠢᠳᠦᠨ ᠦ᠌ ᠬᠢᠨᠢ ᠡᠮᠦᠨ᠎ᠡ ᠵᠢᠷᠡᠯᠵᠡᠨ ᠦᠵᠡᠭᠳᠡᠬᠦᠢ ᠳ᠋ᠦ᠍ ᠲᠡᠷᠡ ᠪᠡᠷ
ᠡᠩᠬᠦᠷᠡᠢ ᠪᠠᠭ᠎ᠠ ᠨᠠᠰᠤᠨ ᠳ᠋ᠤ᠌
ᠡᠷᠲᠡᠨ ᠦ᠌ ᠵᠠᠶᠠᠭ᠎ᠠ ᠪᠠᠷ ᠤᠴᠠᠷᠠᠵᠤ
ᠬᠣᠷᠬᠣᠨᠠᠭ ᠵᠤᠪᠤᠷ ᠤ᠋ᠨ ᠬᠥᠨᠳᠡᠢ ᠳ᠋ᠦ᠍
ᠬᠣᠣᠰ ᠦᠭᠡᠢ ᠨᠥᠬᠥᠳ ᠪᠣᠯᠤᠯᠴᠠᠵᠤ
ᠡᠷᠡᠬᠡᠢ ᠬᠤᠷᠤᠭᠤ ᠪᠠᠨ ᠡᠰᠬᠡᠯᠴᠡᠨ
ᠡᠷᠬᠢᠮ ᠲᠠᠩᠭᠠᠷᠢᠭ ᠲᠠᠯᠪᠢᠯᠴᠠᠨ
ᠬᠠᠭᠠᠨ ᠵᠠᠶᠠᠭᠠᠲᠤ ᠴᠢᠮ᠎ᠠ ᠲᠠᠢ
ᠬᠠᠯᠠᠭᠤᠨ ᠠᠨᠳᠠ ᠪᠣᠯᠤᠭᠰᠠᠨ ᠪᠢᠯᠡ ᠯᠠ᠃
ᠦᠯᠦ ᠰᠢᠩᠭᠡᠬᠦ ᠢᠳᠡᠭᠡ ᠢᠳᠡᠯᠴᠡᠵᠦ
ᠦᠯᠦ ᠮᠠᠷᠲᠠᠬᠤ ᠦᠭᠡ ᠬᠡᠯᠡᠯᠴᠡᠵᠦ
ᠨᠢᠭᠡ ᠬᠥᠨᠵᠢᠯᠡ ᠨᠥᠮᠥᠷᠴᠦ
ᠨᠢᠭᠡ ᠰᠠᠨᠠᠭ᠎ᠠ ᠶ᠋ᠢ ᠰᠠᠨᠠᠵᠤ ᠶᠠᠪᠤᠯ᠎ᠠ
ᠬᠥᠨᠳᠡᠯᠡᠨ ᠦ᠌ ᠬᠥᠮᠦᠨ ᠳ᠋ᠦ᠍ ᠭᠦᠳᠦᠭᠳᠡᠵᠦ ②
ᠬᠥᠨᠥᠭᠡᠬᠦ ᠦᠭᠡᠨ ᠳ᠋ᠦ᠍ ᠠᠪᠲᠠᠭᠳᠠᠵᠤ
ᠬᠠᠵᠠᠭᠤ ᠶ᠋ᠢᠨ ᠬᠥᠮᠦᠨ ᠳ᠋ᠦ᠍ ᠬᠠᠳᠬᠤᠭᠳᠠᠵᠤ
ᠬᠠᠷᠠᠳᠠᠬᠤ ᠦᠭᠡᠨ ᠳ᠋ᠦ᠍ ᠠᠪᠲᠠᠭᠳᠠᠵᠤ
ᠬᠠᠭᠠᠨ ᠠᠨᠳᠠ ᠴᠢᠮ᠎ᠠ ᠠ᠋ᠴᠠ
ᠬᠠᠭᠠᠴᠠᠨ ᠰᠠᠯᠤᠭᠰᠠᠨ ᠠ᠋ᠴᠠ ᠬᠣᠢᠰᠢ
ᠬᠠᠯᠠᠭᠤᠨ ᠨᠢᠭᠤᠷ ᠤ᠋ᠨ ᠢ᠋ᠶ᠋ᠠᠨ ᠠᠷᠠᠰᠤ ᠶ᠋ᠢ
ᠬᠠᠯᠴᠠᠯᠠᠵᠤ ᠬᠠᠭᠤᠯᠤᠭᠰᠠᠨ ᠤ᠋ ᠠᠳᠠᠯᠢ
ᠬᠠᠭᠠᠨ ᠠᠨᠳᠠ ᠴᠢᠨᠦ
ᠬᠠᠲᠠᠭᠤ ᠴᠢᠷᠠᠢ ᠶ᠋ᠢ ᠬᠠᠷᠠᠬᠤ ᠠ᠋ᠴᠠ
ᠬᠠᠯᠠᠰᠢᠷᠠᠨ ᠵᠣᠪᠠᠵᠤ ᠶᠠᠪᠤᠪᠠ᠃
ᠤᠮᠠᠷᠲᠠᠰᠢ ᠦᠭᠡᠢ ᠬᠡᠯᠡᠯᠴᠡᠭᠰᠡᠨ
ᠤᠷᠢᠳ ᠤ᠋ᠨ ᠦᠭᠡ ᠶ᠋ᠢ ᠰᠠᠨᠠᠵᠤ
ᠤᠯᠠᠭᠠᠨ ᠨᠢᠭᠤᠷ ᠤ᠋ᠨ ᠢ᠋ᠶ᠋ᠠᠨ ᠠᠷᠠᠰᠤ ᠶ᠋ᠢ
ᠤᠷᠠᠭᠤᠯᠵᠤ ᠥᠪᠴᠢᠭᠦᠯᠦᠭᠰᠡᠨ ᠦ᠌ ᠠᠳᠠᠯᠢ
ᠠᠭᠤᠵᠢᠮ ᠰᠡᠳᠬᠢᠯᠲᠦ ᠠᠨᠳᠠ ᠶ᠋ᠢᠨ ᠢ᠋ᠶ᠋ᠡᠨ
ᠤᠬᠠᠭᠠᠨᠲᠤ ᠴᠢᠷᠠᠢ ᠶ᠋ᠢ ᠬᠠᠷᠠᠬᠤ ᠠ᠋ᠴᠠ
ᠤᠬᠤᠷᠢᠨ ᠵᠣᠪᠠᠵᠤ ᠶᠠᠪᠤᠪᠠ᠃
ᠬᠠᠭᠠᠨ ᠠᠨᠳᠠ ᠨᠠᠮᠠᠶ᠋ᠢ
ᠬᠠᠢᠷᠠᠯᠠᠨ ᠰᠣᠶᠣᠷᠬᠠᠵᠤ
ᠬᠠᠮᠲᠤᠷᠠᠨ ᠨᠥᠬᠥᠷᠯᠡᠶ᠎ᠡ ᠭᠡᠵᠡᠢ᠃
ᠨᠥᠬᠥᠷᠯᠡᠬᠦ ᠴᠠᠭ ᠲᠤ᠌
ᠨᠥᠬᠥᠷᠯᠡᠭᠰᠡᠨ ᠦᠭᠡᠢ ᠪᠢ
ᠨᠥᠭᠴᠢᠬᠦ ᠶ᠋ᠢᠨ ᠡᠮᠦᠨ᠎ᠡ
ᠨᠥᠬᠥᠷᠯᠡᠭᠡᠳ ᠶᠠᠭᠠᠬᠢᠬᠤ ᠪᠣᠢ
ᠦᠶᠡᠷᠬᠡᠬᠦ ᠶ᠋ᠢᠨ ᠴᠠᠭ ᠲᠤ᠌
ᠳᠠᠢᠵᠢᠭᠰᠠᠨ ᠪᠢ
ᠦᠬᠦᠬᠦ ᠶ᠋ᠢᠨ ᠴᠠᠭ ᠲᠤ᠌
ᠳᠠᠢᠭᠳᠠᠭᠠᠳ ᠶᠠᠭᠠᠬᠢᠬᠤ ᠪᠣᠢ
ᠲᠩᠷᠢ ᠵᠠᠶᠠᠭᠠᠲᠤ
ᠲᠡᠮᠦᠵᠢᠨ ᠴᠢ
ᠡᠵᠡᠨ ᠵᠠᠶᠠᠭᠠᠲᠤ
ᠶᠡᠬᠡ ᠬᠠᠭᠠᠨ ᠲᠠ
ᠲᠦᠮᠡᠨ ᠤᠯᠤᠰ ᠢ᠋
ᠲᠦᠪᠰᠢᠨ ᠪᠣᠯᠭᠠᠵᠤ
ᠬᠠᠷᠢ ᠤᠯᠤᠰ ᠢ᠋
ᠬᠠᠮᠲᠤᠳᠬᠠᠨ ᠵᠠᠬᠢᠷᠴᠤ
ᠬᠠᠮᠤᠭ ᠢ᠋ ᠡᠵᠡᠯᠡᠭᠰᠡᠨ
ᠬᠠᠭᠠᠨ ᠪᠣᠯᠤᠭᠠᠳ
ᠳᠡᠯᠡᠬᠡᠢ ᠳ᠋ᠠᠬᠢᠨ
ᠥᠯᠮᠡᠢ ᠳ᠋ᠦ᠍ ᠲᠠᠨᠢ ᠪᠠᠢᠬᠤ ᠳ᠋ᠤ᠌
ᠳᠡᠮᠡᠢ ᠨᠠᠳᠠ ᠪᠠᠷ
ᠶᠠᠭᠤ ᠪᠠᠨ ᠬᠢᠬᠦ ᠪᠣᠢ
ᠬᠠᠷᠠᠩᠭᠤᠢ ᠰᠥᠨᠢ ᠶ᠋ᠢᠨ
ᠵᠡᠭᠦᠳᠦ ᠪᠣᠯᠵᠤ
ᠭᠡᠭᠡᠨ ᠡᠳᠦᠷ ᠦ᠋ᠨ
ᠭᠡᠮᠲᠡᠨ ᠪᠣᠯᠵᠤ
ᠬᠠᠭᠠᠨ ᠠᠨᠳᠠ ᠶ᠋ᠢ
ᠵᠣᠪᠠᠭᠠᠨ᠎ᠠ ᠪᠢ
ᠡᠩᠭᠡᠷ ᠦ᠋ᠨ ᠴᠢᠨᠢ ᠪᠥᠭᠡᠰᠦ
ᠡᠭᠡᠮ ᠦ᠋ᠨ ᠴᠢᠨᠢ ᠥᠷᠭᠡᠰᠦ
ᠥᠯᠮᠡᠢ ᠳ᠋ᠦ᠍ ᠴᠢᠨᠢ ᠪᠠᠷᠲᠠᠭ᠎ᠠ
ᠮᠡᠯᠮᠡᠢ ᠳ᠋ᠦ᠍ ᠴᠢᠨᠢ ᠰᠢᠷᠣᠢ ᠪᠣᠯᠬᠤ ᠪᠢᠵᠡ ᠪᠢ᠃
ᠠᠲᠠᠭᠠᠲᠤ ᠡᠮ᠎ᠡ ᠶ᠋ᠢᠨ ᠦᠭᠡ ᠪᠡᠷ
ᠠᠨᠳᠠ ᠠ᠋ᠴᠠ ᠰᠠᠯᠤᠭᠠᠳ
ᠠᠯᠵᠢᠶᠠᠨ ᠵᠣᠪᠠᠵᠤ
ᠠᠷᠭ᠎ᠠ ᠪᠠᠨ ᠪᠠᠷᠠᠪᠠ ᠪᠢ
ᠡᠨᠡ ᠨᠠᠰᠤ ᠶ᠋ᠢ ᠡᠯᠡᠲᠡᠯ᠎ᠡ
ᠡᠴᠦᠰ ᠦ᠋ᠨ ᠠᠮᠢᠰᠬᠤᠭ᠎ᠠ ᠲᠠᠰᠤᠷᠠᠲᠠᠯ᠎ᠠ
ᠡᠷᠬᠢᠮ ᠲᠠᠩᠭᠠᠷᠢᠭ ᠢ᠋ᠶ᠋ᠠᠨ ᠰᠠᠨᠠᠵᠤ
ᠡᠩᠬᠦᠷᠡᠢ ᠲᠠᠩᠬᠢᠯ ᠨᠠᠰᠤᠨ ᠤ᠋
ᠡᠨᠳᠡᠭᠦᠦ ᠦᠭᠡᠢ ᠦᠭᠡ ᠪᠡᠨ ᠪᠣᠳᠣᠵᠤ
ᠬᠠᠷ᠎ᠠ ᠨᠢᠳᠦ ᠪᠡᠨ ᠠᠨᠢᠵᠤ
ᠬᠠᠯᠠᠭᠤᠨ ᠠᠮᠢᠰᠬᠤᠭ᠎ᠠ ᠬᠤᠷᠢᠶᠠᠪᠠᠯ
ᠬᠠᠷᠢᠨ ᠮᠢᠨᠦ ᠵᠢᠷᠭᠠᠯ ᠪᠢᠵᠡ᠃
ᠤᠷᠢᠳ ᠤ᠋ᠨ ᠠᠨᠳᠠ ᠲᠡᠮᠦᠵᠢᠨ ᠴᠢ
ᠤᠷᠭᠤᠬᠤ ᠨᠠᠷᠠᠨ ᠠ᠋ᠴᠠ ᠠᠪᠤᠭᠠᠳ
ᠰᠢᠩᠭᠡᠬᠦ ᠨᠠᠷᠠᠨ ᠬᠦᠷᠲᠡᠯᠡᠬᠢ
ᠠᠭᠤᠵᠢᠮ ᠳᠡᠯᠭᠡᠷ ᠨᠤᠲᠤᠭ ᠲᠠᠢ
ᠤᠯᠤᠰ ᠳᠠᠶᠠᠭᠠᠷ ᠲᠤ᠌ ᠠᠯᠳᠠᠷᠰᠢᠵᠤ
ᠲᠣᠯᠣᠭᠠᠢᠲᠠᠨ ᠢ᠋ ᠪᠥᠬᠥᠢᠯᠭᠡᠵᠦ
ᠲᠣᠢᠭᠲᠠᠨ ᠢ᠋ ᠰᠥᠭᠦᠳᠦᠭᠦᠯᠪᠡ᠃
ᠰᠡᠷᠭᠦᠯᠡᠩ ᠪᠠᠭᠠᠲᠤᠷ ᠴᠢᠮ᠎ᠠ ᠳ᠋ᠤ᠌
ᠰᠡᠴᠡᠨ ᠡᠬᠡ ᠵᠠᠶᠠᠭᠠᠵᠠᠢ᠃
ᠡᠷᠡᠯᠬᠡᠭ ᠪᠠᠭᠠᠲᠤᠷ ᠠᠨᠳᠠ ᠳ᠋ᠤ᠌
ᠡᠷᠳᠡᠮᠲᠦ ᠳᠡᠭᠦᠦ ᠨᠠᠷ ᠲᠥᠷᠥᠵᠡᠢ᠃
ᠳᠠᠯᠠᠨ ᠭᠤᠷᠪᠠᠨ ᠬᠦᠯᠦᠭ ᠲᠡᠢ
ᠳᠠᠢᠴᠢᠨ ᠥᠷᠯᠥᠭ ᠨᠥᠬᠥᠳ ᠲᠡᠢ
ᠳᠠᠷᠬᠠᠨ ᠪᠠᠭᠠᠲᠤᠷ ᠠᠯᠳᠠᠷ ᠲᠠᠢ
ᠳᠠᠯᠠᠢ ᠴᠢᠩᠭᠢᠰ ᠬᠠᠭᠠᠨ ᠳ᠋ᠤ᠌
ᠳᠠᠷᠤᠭᠳᠠᠵᠤ ᠮᠥᠬᠥᠪᠡ᠂ ᠪᠢ᠃
ᠥᠵᠢ ᠶ᠋ᠢᠨ ᠪᠠᠭ᠎ᠠ ᠨᠠᠰᠤᠨ ᠳ᠋ᠠᠭᠠᠨ
ᠥᠨᠥᠴᠢᠨ ᠪᠡᠶ᠎ᠡ ᠬᠣᠴᠣᠷᠤᠭᠠᠳ
ᠢᠲᠡᠭᠡᠬᠦ ᠰᠠᠢᠨ ᠨᠥᠬᠥᠷ ᠦᠭᠡᠢ
ᠢᠳᠡ ᠲᠡᠢ ᠰᠠᠢᠨ ᠳᠡᠭᠦᠦ ᠦᠭᠡᠢ
ᠢᠯᠡᠭᠦᠦ ᠳᠤᠲᠠᠭᠤ ᠦᠭᠡ ᠲᠡᠢ
ᠶᠡᠬᠡ ᠲᠣᠮᠣᠭᠴᠢ ᠡᠬᠡᠨᠡᠷ ᠲᠡᠢ
ᠡᠢᠮᠦ ᠯᠡ ᠲᠠᠪᠢᠯᠠᠩ ᠲᠠᠢ ᠶᠠᠪᠤᠭᠰᠠᠨ ᠠ᠋ᠴᠠ
ᠲᠩᠷᠢ ᠡᠴᠢᠭᠡ ᠡᠴᠡ ᠵᠠᠶᠠᠭᠠᠲᠠᠢ
ᠲᠡᠮᠦᠵᠢᠨ ᠴᠢᠮ᠎ᠠ ᠳ᠋ᠤ᠌ ᠳᠡᠢᠯᠦᠭᠳᠡᠪᠡ ᠪᠢ᠃
ᠬᠠᠭᠠᠨ ᠲᠠ ᠰᠣᠶᠣᠷᠬᠠᠵᠤ
ᠬᠠᠯᠠᠭᠤᠨ ᠠᠮᠢ ᠶ᠋ᠢ ᠮᠢᠨᠢ ᠲᠠᠰᠤᠯᠪᠠᠯ
ᠠᠷᠢᠭᠤᠨ ᠵᠢᠷᠦᠬᠡ ᠴᠢᠨᠢ ᠠᠮᠠᠷᠠᠵᠤ
ᠠᠮᠤᠭᠤᠯᠠᠩ ᠵᠢᠷᠭᠠᠬᠤ ᠪᠣᠯᠤᠨ᠎ᠠ
ᠠᠨᠳᠠ ᠴᠢ ᠰᠣᠶᠣᠷᠬᠠᠵᠤ
ᠠᠰᠬᠠᠷᠠᠬᠤ ᠴᠢᠰᠤ ᠶ᠋ᠢ ᠮᠢᠨᠢ ᠭᠠᠷᠭᠠᠯ ᠦᠭᠡᠢ
ᠠᠷᠢᠭᠤᠨ ᠶᠣᠰᠣ ᠶ᠋ᠢ ᠰᠠᠬᠢᠨ
ᠠᠯᠠᠵᠤ ᠥᠷᠥᠰᠢᠶᠡ ᠨᠠᠮᠠᠶ᠋ᠢ
ᠦᠬᠦᠵᠦ ᠦᠷᠡᠭᠳᠡᠬᠦ ᠪᠡᠶ᠎ᠡ ᠮᠢᠨᠢ
ᠦᠢᠷᠡᠵᠦ ᠪᠤᠲᠠᠷᠠᠬᠤ ᠶᠠᠰᠤ ᠮᠢᠨᠢ
ᠦᠷᠭᠦᠯᠵᠢᠳᠡ ᠭᠠᠵᠠᠷ ᠰᠢᠩᠭᠡᠵᠦ
ᠡᠭᠦᠷᠢᠳᠡ ᠣᠷᠣᠰᠢᠬᠤ ᠪᠣᠯᠲᠤᠭᠠᠢ
ᠦᠳᠲᠡᠷ ᠲᠠᠰᠤᠷᠠᠬᠤ ᠠᠮᠢ ᠮᠢᠨᠢ
ᠦᠬᠦᠲᠡᠯ᠎ᠡ ᠰᠢᠮᠰᠢᠷᠡᠬᠦ ᠵᠢᠷᠦᠬᠡ ᠮᠢᠨᠢ
ᠢᠲᠡᠭᠡᠯᠲᠦ ᠠᠨᠳᠠ ᠶ᠋ᠢᠨ ᠤᠷᠤᠭ ᠢ᠋
ᠢᠪᠡᠭᠡᠵᠦ ᠲᠡᠳᠬᠦᠬᠦ ᠪᠣᠯᠲᠤᠭᠠᠢ᠁
ᠢᠯᠡᠭᠦᠦ ᠳᠤᠲᠠᠭᠤ ᠶ᠋ᠢ ᠪᠣᠳᠣᠯ ᠦᠭᠡᠢ
ᠡᠢᠮᠦ ᠢᠷᠦᠭᠡᠯ ᠢ᠋ ᠲᠠᠯᠪᠢᠶ᠎ᠠ
ᠥᠨᠥᠴᠢᠨ ᠵᠠᠶᠠᠭᠠᠲᠤ ᠪᠢ ᠴᠢᠨᠢ
ᠥᠨᠳᠥᠷ ᠲᠥᠷᠥᠯᠲᠦ ᠠᠨᠳᠠ ᠶ᠋ᠢᠨ
ᠥᠮᠥᠭ ᠰᠦᠯᠲᠠᠨ ᠳ᠋ᠤ᠌ ᠳᠠᠷᠤᠭᠳᠠᠪᠠ᠃
ᠥᠪᠡᠷ ᠦ᠋ᠨ ᠬᠦᠰᠡᠯ ᠢ᠋ᠶ᠋ᠡᠷ ᠦᠬᠦᠶ᠎ᠡ
ᠬᠡᠯᠡᠭᠰᠡᠨ ᠦᠭᠡ ᠶ᠋ᠢ ᠮᠢᠨᠢ ᠪᠦᠦ ᠮᠠᠷᠲᠠᠲᠤᠭᠠᠢ
ᠬᠡᠵᠢᠶ᠎ᠡ ᠢᠮᠠᠭᠲᠠ ᠳᠤᠷᠠᠳᠴᠤ ᠶᠠᠪᠤᠲᠤᠭᠠᠢ᠁ ᠭᠡᠵᠦ ᠤᠶᠠᠩᠭᠠᠯᠠᠭᠤᠯᠤᠨ ᠬᠠᠢᠯᠠᠪᠠ᠃ ᠵᠠᠮᠤᠬ᠎ᠠ ᠴᠡᠴᠡᠨ ᠦ᠌ ᠪᠢᠯᠢᠭ ᠲᠠᠩᠬᠠᠢ ᠰᠢᠯᠦᠭ ᠢ᠋ ᠳᠤᠲᠠᠭᠤ ᠴᠡᠭᠡᠵᠢᠯᠡᠵᠦ ᠦᠭᠡ᠂ ᠰᠠᠨᠠᠭ᠎ᠠ ᠣᠷᠬᠢᠭᠳᠠᠭᠤᠯᠬᠤ ᠪᠣᠢ ᠭᠡᠵᠦ ᠪᠦᠷ ᠠᠩᠬᠠᠨ ᠠ᠋ᠴᠠ ᠪᠠᠨ ᠪᠣᠳᠣᠭᠰᠠᠨ ᠪᠤᠭᠤᠷᠴᠢ ᠬᠡᠳᠦᠢᠨ᠎ᠡ ᠠᠷᠭ᠎ᠠ ᠰᠡᠳᠦᠵᠦ ᠰᠢᠭᠢᠬᠤᠲᠤᠭ ᠢ᠋ ᠳᠠᠭᠤᠳᠠᠨ ᠠᠪᠴᠢᠷᠠᠭᠠᠳ ᠪᠠᠢᠭᠰᠠᠨ ᠲᠤᠯᠠ ᠵᠠᠮᠤᠬ᠎ᠠ ᠶ᠋ᠢᠨ ᠡᠨᠡ ᠤᠷᠲᠤ ᠰᠢᠯᠦᠭ ᠢ᠋ ᠨᠢᠭᠡᠳ ᠨᠢᠭᠡᠨ ᠦᠭᠡᠢ ᠪᠢᠴᠢᠭᠦᠯᠦᠭᠡᠳ ᠴᠢᠩᠭᠢᠰ ᠬᠠᠭᠠᠨ ᠳ᠋ᠤ᠌ ᠤᠩᠰᠢᠭᠤᠯᠵᠤ ᠰᠣᠨᠣᠰᠬᠠᠪᠠ᠃
ᠴᠢᠩᠭᠢᠰ ᠬᠠᠭᠠᠨ ᠵᠠᠮᠤᠬ᠎ᠠ ᠶ᠋ᠢᠨ ᠦᠭᠡ ᠶ᠋ᠢ ᠰᠣᠨᠣᠰᠤᠭᠠᠳ ᠤᠳᠠᠭᠠᠨ ᠪᠣᠳᠣᠯ ᠪᠣᠯᠤᠨ ᠰᠠᠭᠤᠵᠠᠢ᠃ ᠵᠠᠮᠤᠬ᠎ᠠ ᠶ᠋ᠢᠨ ᠡᠨᠡ ᠬᠦ᠌ ᠴᠢᠩ ᠰᠡᠳᠬᠢᠯ ᠦ᠋ᠨ ᠦᠭᠡ ᠶ᠋ᠢ ᠰᠣᠨᠣᠰᠤᠭᠠᠳ ᠬᠡᠨ ᠦ᠌ ᠴᠦ᠍ ᠪᠣᠯᠪᠠ ᠵᠢᠷᠦᠬᠡ ᠳᠣᠭᠳᠣᠯᠵᠤ ᠰᠠᠮᠰᠠ ᠱᠠᠷᠬᠢᠷᠠᠬᠤ ᠠᠵᠢ᠃ ᠲᠡᠮᠦᠵᠢᠨ ᠲᠡᠭᠡᠨᠡᠭᠡᠯᠵᠡᠨ ᠡᠷᠡᠭᠡᠯᠵᠡᠵᠦ ᠡᠬᠢᠯᠡᠪᠡ᠃ ᠲᠡᠷᠡ ᠪᠡᠷ ᠵᠠᠮᠤᠬ᠎ᠠ ᠲᠠᠢ ᠠᠭᠤᠯᠵᠠᠬᠤ ᠦᠭᠡᠢ ᠭᠡᠵᠦ ᠨᠢᠭᠡᠨᠲᠡ ᠰᠢᠢᠳᠦᠭᠰᠡᠨ ᠪᠠᠢᠯ᠎ᠠ᠃ ᠵᠠᠮᠤᠬ᠎ᠠ ᠶ᠋ᠢᠨ ᠦᠭᠡ ᠶ᠋ᠢ ᠳᠠᠭᠠᠵᠤ ᠨᠢᠭᠤᠷ ᠲᠤᠯᠤᠨ ᠠᠭᠤᠯᠵᠠᠬᠤ ᠨᠢ ᠥᠪᠡᠷ ᠦ᠋ᠨ ᠳᠠᠢᠰᠤᠨ ᠢ᠋ ᠬᠡᠲᠦᠷᠬᠡᠢ ᠬᠦᠨᠳᠦᠳᠬᠡᠨ ᠦᠵᠡᠭᠰᠡᠨ ᠪᠣᠯᠬᠤ ᠶᠤᠮ᠃ ᠬᠠᠷᠢᠨ ᠵᠠᠮᠤᠬ᠎ᠠ ᠶ᠋ᠢ ᠪᠠᠭᠤᠯᠭᠠᠨ ᠠᠪᠴᠤ ᠥᠪᠡᠷ ᠲᠡᠭᠡᠨ ᠵᠢᠳᠬᠦᠭᠦᠯᠪᠡᠯ ᠣᠯᠠᠨ ᠤ᠋ ᠨᠢᠳᠦᠨ ᠳ᠋ᠦ᠍ ᠢᠯᠠᠯᠲᠠ ᠶ᠋ᠢᠨ ᠳᠡᠭᠡᠳᠦ ᠢᠯᠠᠯᠲᠠ᠂ ᠪᠠᠬᠠᠳᠤᠯ ᠤ᠋ᠨ ᠳᠡᠭᠡᠳᠦ ᠪᠠᠬᠠᠳᠤᠯ ᠪᠣᠯᠬᠤ ᠪᠢᠯᠡ᠃ ᠥᠪᠡᠷ ᠦ᠋ᠨ ᠴᠡᠷᠢᠭ ᠦ᠋ᠳ ᠲᠦ᠍ ᠪᠠᠷᠢᠭᠳᠠᠨ ᠢᠷᠡᠬᠦ ᠰᠢᠭ ᠭᠤᠲᠤᠮᠰᠢᠭᠲᠤ ᠢᠯᠠᠭᠳᠠᠯ ᠬᠠᠮᠢᠭ᠎ᠠ ᠴᠤ᠌ ᠪᠠᠢᠬᠤ ᠦᠭᠡᠢ ᠭᠡᠵᠦ ᠲᠡᠮᠦᠵᠢᠨ ᠰᠡᠳᠬᠢᠬᠦ ᠲᠤᠯᠠ ᠣᠳᠣ ᠨᠢᠭᠡᠨᠲᠡ ᠬᠣᠷᠣᠬᠠᠢ ᠳ᠋ᠤ᠌ ᠬᠣᠣᠷ ᠦᠭᠡᠢ ᠪᠣᠯᠤᠭᠰᠠᠨ ᠵᠠᠮᠤᠬ᠎ᠠ ᠶ᠋ᠢ ᠥᠷᠥᠰᠢᠶᠡᠬᠦ ᠪᠡᠷ ᠰᠢᠢᠳᠦᠭᠰᠡᠨ ᠪᠠᠢᠵᠠᠢ᠃ ᠭᠡᠲᠡᠯ᠎ᠡ ᠲᠠᠩᠳᠠ ᠣᠨᠢᠰᠣᠭ᠎ᠠ ᠮᠡᠲᠦ ᠠᠭᠠᠰᠢ ᠭᠠᠷᠭᠠᠳᠠᠭ ᠵᠠᠮᠤᠬ᠎ᠠ ᠳᠠᠬᠢᠭᠠᠳ ᠯᠠ ᠭᠠᠢᠬᠠᠰᠢᠷᠠᠭᠤᠯᠪᠠ᠃ ᠮᠠᠭᠠᠳ ᠦᠭᠡᠢ ᠲᠡᠷᠡ ᠥᠪᠡᠷ ᠦ᠋ᠨ ᠬᠠᠷᠢᠶᠠᠲᠤ᠂ ᠲᠡᠭᠡᠬᠦ ᠲᠣᠰᠤᠮ ᠢ᠋ᠶ᠋ᠠᠨ ᠬᠠᠮᠤᠭ ᠤ᠋ᠨ ᠢᠲᠡᠭᠡᠯᠲᠦ ᠰᠢᠳᠠᠷ ᠲᠠᠭᠠᠨ ᠪᠠᠷᠢᠭᠳᠠᠨ ᠠᠭᠲᠠ ᠮᠣᠷᠢᠨ ᠤ᠋ ᠠᠴᠢᠶ᠎ᠠ᠂ ᠠᠵᠢᠭᠰᠠᠨ ᠬᠥᠮᠦᠨ ᠦ᠌ ᠲᠣᠬᠣᠭᠤ ᠪᠣᠯᠤᠨ ᠬᠥᠯ ᠭᠠᠷ ᠬᠦᠯᠢᠭ ᠲᠡᠢ ᠬᠥᠮᠦᠨ ᠦ᠌ ᠡᠷᠬᠡᠨ ᠳ᠋ᠦ᠍ ᠢᠷᠡᠭᠰᠡᠨ ᠳ᠋ᠡᠭᠡᠨ ᠢᠴᠢᠭᠡᠳ ᠢᠩᠭᠢᠵᠦ ᠠᠮᠢᠳᠤ ᠶᠠᠪᠤᠭᠰᠠᠨ ᠠ᠋ᠴᠠ ᠦᠬᠦᠭᠰᠡᠨ ᠳᠡᠭᠡᠷ᠎ᠡ ᠭᠡᠵᠦ ᠰᠢᠢᠳᠦᠭᠰᠡᠨ ᠪᠠᠢᠵᠤ ᠪᠣᠯᠬᠤ ᠶᠤᠮ᠃ ᠭᠡᠲᠡᠯ᠎ᠡ ᠪᠣᠳᠣᠭᠠᠳ ᠪᠠᠢᠬᠤ ᠳ᠋ᠤ᠌ ᠬᠠᠨᠲᠡᠮᠦᠷ ᠡᠵᠡᠨ ᠢ᠋ᠶ᠋ᠡᠨ ᠪᠠᠷᠢᠵᠤ ᠥᠭᠬᠦ ᠬᠥᠮᠦᠨ ᠪᠢᠰᠢ ᠭᠡᠵᠦ ᠰᠠᠨᠠᠭᠳᠠᠭᠠᠳ ᠪᠣᠯᠤᠭᠰᠠᠨ ᠦᠭᠡᠢ᠃《ᠵᠠᠯᠢᠲᠤ ᠵᠠᠮᠤᠬ᠎ᠠ ᠶᠠᠭᠤ ᠰᠠᠲᠤᠪᠠ》 ᠭᠡᠵᠦ ᠲᠡᠮᠦᠵᠢᠨ ᠪᠣᠳᠣᠭᠠᠳ ᠪᠣᠳᠣᠭᠠᠳ ᠤᠴᠢᠷ ᠢ᠋ ᠣᠯᠤᠭ᠎ᠠ ᠦᠭᠡᠢ ᠲᠤᠯᠠ ᠰᠤᠷᠤᠭᠰᠠᠨ ᠵᠠᠩ ᠢ᠋ᠶ᠋ᠠᠷ ᠢ᠋ᠶ᠋ᠠᠨ ᠳᠠᠪ ᠲᠩᠷᠢ ᠶ᠋ᠢ ᠳᠠᠭᠤᠳᠠᠭᠤᠯᠪᠠ᠃ ᠳᠠᠪ ᠲᠩᠷᠢ ᠥᠪᠡᠷ ᠦ᠋ᠨ ᠬᠦᠷᠢᠶᠡᠨ ᠡᠴᠡ ᠢᠷᠡᠲᠡᠯ᠎ᠡ ᠬᠣᠨᠣᠭ ᠤ᠋ᠨ ᠵᠠᠢᠲᠠᠢ ᠲᠤᠯᠠ ᠲᠡᠭᠦᠨ ᠳ᠋ᠦ᠍ ᠪᠣᠳᠣᠬᠤ ᠴᠠᠭ ᠬᠠᠩᠭᠠᠯᠲᠠᠲᠠᠢ ᠪᠠᠢᠯ᠎ᠠ᠃ ᠶᠡᠷᠦ ᠨᠢ ᠵᠠᠮᠤᠬ᠎ᠠ ᠶ᠋ᠢᠨ ᠦᠭᠡ᠂ ᠦᠢᠯᠡᠳᠦᠯ ᠢ᠋ ᠰᠢᠯᠤᠭᠤᠨ ᠬᠢᠯᠪᠠᠷ ᠢ᠋ᠶ᠋ᠠᠷ ᠣᠢᠯᠠᠭᠠᠬᠤ ᠳ᠋ᠤ᠌ ᠬᠡᠵᠢᠶᠡᠳᠡ ᠲᠦᠪᠡᠭ ᠲᠡᠢ ᠪᠠᠢᠳᠠᠭ ᠪᠢᠯᠡ᠃ ᠲᠡᠢᠮᠦ ᠡᠴᠡ ᠴᠦ᠍ ᠵᠠᠮᠤᠬ᠎ᠠ ᠶ᠋ᠢᠨ ᠡᠨᠡ ᠠᠭᠠᠰᠢᠨ ᠠ᠋ᠴᠠ ᠲᠡᠮᠦᠵᠢᠨ ᠦᠷᠭᠦᠯᠵᠢ ᠵᠢᠪᠡᠭᠦᠴᠡᠨ ᠪᠣᠯᠭᠣᠮᠵᠢᠯᠠᠳᠠᠭ ᠶᠤᠮ᠃
ᠲᠡᠮᠦᠵᠢᠨ ᠬᠠᠷᠢᠭᠤ ᠦᠭᠡ ᠬᠡᠯᠡᠯ ᠦᠭᠡᠢ ᠲᠠᠭ ᠴᠢᠭ ᠪᠣᠯᠤᠭᠰᠠᠨ ᠳ᠋ᠤ᠌ ᠵᠠᠮᠤᠬ᠎ᠠ ᠬᠠᠷᠢᠨ ᠴᠤ᠌ ᠪᠠᠶᠠᠷᠲᠠᠢ ᠪᠣᠯᠵᠠᠢ᠃ ᠲᠡᠮᠦᠵᠢᠨ ᠢ᠋ ᠥᠪᠡᠷ ᠦ᠋ᠨ ᠢ᠋ᠶ᠋ᠡᠨ ᠪᠠᠢᠭ᠎ᠠ ᠡᠨᠡ ᠭᠡᠷ ᠲᠦ᠍ ᠢᠷᠡᠭᠦᠯᠬᠦ ᠶ᠋ᠢᠨ ᠲᠤᠯᠠᠳᠠ ᠲᠡᠷᠡ ᠪᠡᠷ ᠰᠠᠢᠨ ᠰᠠᠢᠬᠠᠨ ᠦᠭᠡ ᠬᠠᠢᠷᠠᠯᠠᠯ ᠦᠭᠡᠢ ᠵᠠᠷᠤᠭᠰᠠᠨ ᠪᠢᠯᠡ᠃ ᠡᠭᠦᠨ ᠡᠴᠡ ᠡᠮᠦᠨ᠎ᠡ ᠲᠡᠭᠦᠨ ᠢ᠋ ᠬᠡᠨ ᠴᠦ᠍ ᠢᠩᠭᠢᠵᠦ ᠦᠭᠡ ᠬᠠᠢᠷᠠᠯᠠᠯ ᠦᠭᠡᠢ ᠮᠠᠭᠲᠠᠭᠠ ᠦᠭᠡᠢ ᠪᠢᠵᠡ ᠭᠡᠵᠦ ᠪᠣᠳᠣᠪᠠ᠃ ᠲᠡᠮᠦᠵᠢᠨ ᠪᠠᠭ᠎ᠠ ᠠ᠋ᠴᠠ ᠮᠠᠭᠲᠠᠭᠠᠯ ᠳ᠋ᠤ᠌ ᠳᠤᠷᠠᠲᠠᠢ ᠬᠡᠦᠬᠡᠳ ᠪᠠᠢᠭᠰᠠᠨ ᠢ᠋ ᠲᠡᠷᠡ ᠶᠠᠭᠠᠬᠢᠵᠤ ᠮᠠᠷᠲᠠᠬᠤ ᠪᠣᠢ᠃ ᠭᠡᠷ ᠦ᠋ᠨ ᠡᠭᠦᠳᠡᠨ ᠳ᠋ᠦ᠍ ᠬᠠᠷᠠᠭᠤᠯ ᠮᠠᠨᠠᠭ᠎ᠠ ᠪᠠᠢᠬᠤ ᠦᠭᠡᠢ ᠶ᠋ᠢ ᠦᠵᠡᠪᠡᠯ 《ᠳᠤᠷᠠᠲᠠᠢ ᠪᠣᠯ ᠬᠠᠮᠢᠭᠠᠰᠢ ᠪᠠᠨ ᠴᠤ᠌ ᠶᠠᠪᠤᠵᠤ ᠪᠣᠯᠤᠨ᠎ᠠ》ᠭᠡᠵᠦ ᠪᠤᠭᠤᠷᠴᠢ ᠶ᠋ᠢᠨ ᠬᠡᠯᠡᠭᠰᠡᠨ ᠦᠨᠡᠨ ᠪᠣᠯᠤᠯᠲᠠᠢ᠃ ᠭᠠᠷᠴᠤ ᠵᠣᠭᠰᠣᠪᠠᠯ ᠣᠢᠷᠠᠯᠴᠠᠭᠠᠬᠢ ᠭᠡᠷ ᠦ᠋ᠳ ᠦ᠋ᠨ ᠡᠭᠦᠳᠡ ᠪᠡᠷ ᠰᠣᠨᠢᠭᠤᠴᠢ ᠬᠥᠮᠦᠰ ᠳᠦᠭᠦᠷᠡᠩ ᠬᠠᠷᠠᠭᠳᠠᠭᠰᠠᠨ ᠳ᠋ᠤ᠌ ᠪᠤᠰᠢᠭᠤᠬᠠᠨ ᠣᠷᠣᠵᠠᠢ᠃ ᠲᠡᠭᠦᠨ ᠢ᠋ ᠢᠩᠭᠢᠵᠦ ᠣᠭᠲᠣ ᠬᠠᠢᠬᠤᠷᠬᠤ ᠦᠭᠡᠢ ᠮᠡᠲᠦ ᠣᠷᠬᠢᠭᠰᠠᠨ ᠨᠢ ᠲᠡᠮᠦᠵᠢᠨ ᠦ᠌ ᠬᠣᠷᠣᠨ ᠰᠠᠨᠠᠭ᠎ᠠ ᠭᠡᠳᠡᠭ ᠢ᠋ ᠵᠠᠮᠤᠬ᠎ᠠ ᠳᠠᠭᠠᠵᠤ ᠪᠠᠢᠪᠠ᠃ ᠰᠠᠨᠠᠭᠰᠠᠨ ᠳ᠋ᠠᠭᠠᠨ ᠬᠦᠷᠬᠦ ᠶ᠋ᠢᠨ ᠲᠤᠯᠠᠳᠠ ᠲᠡᠪᠴᠢᠶᠡᠷᠢ ᠲᠡᠢ ᠪᠠᠢᠬᠤ ᠶᠣᠰᠣᠲᠠᠢ᠃ ᠢᠩᠭᠢᠵᠦ ᠴᠢᠳᠠᠮᠠᠨᠵᠢᠨ ᠲᠡᠮᠦᠵᠢᠨ ᠳᠠᠰᠤᠯ ᠦᠭᠡᠢ ᠢᠷᠡᠬᠦ ᠪᠣᠯᠤᠨ᠎ᠠ᠃ ᠲᠡᠭᠦᠨ ᠦ᠌ ᠬᠡᠯᠡᠭᠦᠯᠦᠭᠰᠡᠨ ᠰᠢᠯᠦᠭ ᠢ᠋ ᠰᠣᠨᠣᠰᠤᠭᠠᠳ ᠤᠶᠠᠷᠠᠬᠤ ᠦᠭᠡᠢ ᠪᠠᠢᠨ᠎ᠠ ᠭᠡᠵᠦ ᠦᠭᠡᠢ ᠭᠡᠮᠡᠨ ᠵᠠᠮᠤᠬ᠎ᠠ ᠲᠣᠭᠠᠴᠠᠭᠠᠯᠠᠵᠤ ᠪᠠᠢᠯ᠎ᠠ᠃ ᠵᠠᠮᠤᠬ᠎ᠠ ᠶ᠋ᠢᠨ ᠬᠣᠷᠢᠭᠳᠠᠵᠤ ᠪᠣᠢ ᠭᠡᠷ ᠲᠦ᠍ ᠲᠡᠮᠦᠵᠢᠨ ᠥᠪᠡᠷ ᠢ᠋ᠶ᠋ᠡᠨ ᠢᠷᠡᠬᠦ ᠶᠦ᠍ᠮ ᠤᠤ ᠂ ᠡᠰᠡᠪᠡᠯ ᠦᠷᠭᠦᠭᠡᠨ ᠳ᠋ᠡᠭᠡᠨ ᠠᠪᠠᠴᠢᠬᠤ ᠠᠪᠠᠰᠤ ᠰᠠᠶᠢ ᠵᠠᠮᠤᠬ᠎ᠠ ᠶ᠋ᠢᠨ ᠰᠠᠨᠠᠭᠰᠠᠨ ᠢ᠋ᠶ᠋ᠠᠷ ᠪᠣᠯᠬᠤ ᠪᠢᠯᠡ᠃ ᠢᠩᠭᠢᠪᠡᠯ ᠵᠠᠳᠠᠷᠠᠨ ᠤ᠋ ᠵᠠᠮᠤᠬ᠎ᠠ ᠭᠡᠵᠦ ᠬᠡᠨ ᠪᠣᠯᠬᠤ ᠶ᠋ᠢ ᠣᠯᠠᠨ ᠪᠦᠭᠦᠳᠡᠭᠡᠷ ᠬᠠᠷᠠᠬᠤ ᠪᠣᠯᠤᠨ᠎ᠠ᠃ ᠲᠡᠭᠡᠭᠡᠳ ᠳᠠᠷᠠᠭ᠎ᠠ ᠨᠢ᠁ ᠭᠡᠵᠦ ᠵᠠᠮᠤᠬ᠎ᠠ ᠰᠡᠳᠬᠢᠯ ᠬᠥᠳᠡᠯᠦᠨ ᠭᠠᠭᠴᠠᠭᠠᠷ ᠶᠠᠷᠢᠵᠤ ᠭᠡᠷ ᠳᠣᠲᠣᠷ᠎ᠠ ᠪᠠᠨ ᠬᠣᠯᠬᠢᠨᠠ᠃《 ᠣᠳᠣᠬᠠᠨ᠃ ᠬᠠᠨᠲᠡᠮᠥᠷ ᠴᠢ ᠬᠦᠯᠢᠶᠡᠵᠦ ᠪᠠᠢ᠃ ᠴᠢ ᠨᠠᠮᠠᠶ᠋ᠢ ᠶᠠᠭᠤ ᠬᠢᠵᠦ ᠴᠢᠳᠠᠳᠠᠭ ᠢ᠋ ᠦᠵᠡᠬᠦ ᠪᠣᠯᠤᠨ᠎ᠠ 》ᠭᠡᠵᠦ ᠲᠡᠷᠡ ᠲᠩᠷᠢ ᠳ᠋ᠦ᠍ ᠬᠠᠨᠳᠤᠨ ᠰᠢᠪᠡᠭᠡᠨᠡᠵᠦ ᠪᠠᠢᠪᠠ᠃ ᠦᠨᠡᠬᠡᠷ ᠲᠡᠭᠦᠨ ᠦ᠌ ᠰᠠᠨᠠᠭᠰᠠᠨ ᠢ᠋ᠶ᠋ᠠᠷ ᠪᠣᠯᠤᠨ᠎ᠠ ᠭᠡᠵᠦ ᠢᠲᠡᠭᠡᠭᠰᠡᠭᠡᠷ ᠠᠵᠢ᠃
ᠳᠠᠪ ᠲᠡᠭᠷᠢ ᠪᠥᠬᠡ ᠢᠷᠡᠵᠦ ᠲᠡᠮᠦᠵᠢᠨ ᠦ᠌ ᠬᠡᠯᠡᠬᠦ ᠶ᠋ᠢ ᠳᠠᠭᠤ ᠦᠭᠡᠢ ᠰᠣᠨᠣᠰᠪᠠ᠃ ᠲᠡᠭᠦᠨ ᠦ᠌ ᠨᠢᠭᠡ ᠨᠢᠳᠦ ᠲᠣᠭᠣᠨᠣ ᠥᠭᠡᠳᠡ᠂ ᠬᠠᠷᠢᠨ ᠨᠥᠭᠦᠭᠡ ᠨᠢᠭᠡ ᠨᠢᠳᠦ ᠨᠢ ᠵᠠᠮᠤᠬ᠎ᠠ ᠶ᠋ᠢᠨ ᠪᠠᠢᠭ᠎ᠠ ᠭᠡᠷ ᠦ᠋ᠨ ᠵᠦᠭ ᠬᠠᠷᠠᠵᠤ ᠪᠠᠢᠪᠠ᠃
| ᠬᠥᠭᠡᠴᠦ ᠴᠢ ᠦᠵᠡ᠃ ᠮᠢᠨᠦ ᠰᠠᠨᠠᠬᠤ ᠳ᠋ᠤ᠌ ᠵᠠᠮᠤᠬ᠎ᠠ ᠦᠬᠦᠬᠦ ᠶ᠋ᠢ ᠬᠦᠰᠡᠬᠦ ᠤᠴᠢᠷ ᠦᠭᠡᠢ ᠶᠦ᠍ᠮ᠃ ᠲᠡᠷᠡ ᠶᠠᠮᠠᠷ ᠵᠠᠯᠢ ᠵᠣᠬᠢᠶᠠᠵᠤ᠂ ᠴᠣᠬᠣᠮ ᠶᠠᠭᠠᠬᠢᠬᠤ ᠰᠠᠨᠠᠭᠠᠲᠠᠢ ᠪᠠᠢᠭ᠎ᠠ ᠶ᠋ᠢ ᠪᠢ ᠮᠠᠲᠠᠮᠠᠷ ᠪᠠᠢᠨ᠎ᠠ ᠭᠡᠵᠦ ᠲᠡᠮᠦᠵᠢᠨ ᠢ᠋ ᠬᠡᠯᠡᠬᠦ ᠳ᠋ᠦ᠍ ᠬᠥᠭᠡᠴᠦ ᠡᠪᠦᠷ ᠡᠴᠡ ᠵᠡᠰ ᠲᠣᠯᠢ ᠭᠠᠷᠭᠠᠵᠤ ᠰᠢᠪᠰᠢᠨ ᠣᠩᠭᠣᠳ ᠢ᠋ᠶ᠋ᠠᠨ ᠳᠠᠭᠤᠳᠠᠵᠤ ᠡᠬᠢᠯᠡᠪᠡ᠃ ᠢᠩᠭᠢᠬᠦ ᠳ᠋ᠦ᠍ᠨᠢ ᠶᠡᠬᠡ ᠦᠰᠦ ᠨᠢ ᠨᠢᠭᠤᠷ ᠤᠷᠤᠭᠤ ᠨᠢ ᠪᠦᠷᠬᠦᠵᠦ ᠲᠠᠯ᠎ᠠ ᠬᠡᠩᠭᠡᠷᠭᠡ ᠶ᠋ᠢᠨ ᠳᠠᠭᠤ ᠨᠢᠵᠢᠭᠢᠨᠡᠨ᠎ᠡ᠃ ᠬᠥᠭᠡᠴᠦ ᠪᠣᠰᠴᠤ ᠡᠷᠭᠢᠯᠳᠦᠨ ᠦᠰᠦᠷᠴᠦ ᠭᠡᠷ ᠦ᠋ᠨ ᠣᠨᠢ ᠳᠠᠮᠵᠢᠨ ᠲᠣᠯᠣᠭᠠᠢ ᠪᠠᠨ ᠳᠣᠭᠣᠭᠰᠢ ᠬᠠᠷᠠᠭᠤᠯᠤᠨ ᠭᠦᠶᠦᠪᠡ᠃ ᠲᠡᠭᠡᠭᠡᠳ ᠭᠠᠵᠠᠷ ᠠ᠋ᠴᠠ ᠠᠯᠲᠠ ᠥᠨᠳᠥᠷ ᠲᠦ᠍᠂ ᠬᠡᠢ ᠠᠭᠠᠷ ᠲᠤ᠌ ᠵᠠᠪᠢᠯᠠᠨ ᠰᠠᠭᠤᠵᠤ ᠲᠠᠭ ᠪᠣᠯᠪᠠ᠃ ᠲᠡᠭᠡᠭᠰᠡᠨ ᠢ᠋ᠶ᠋ᠡᠨ ᠰᠢᠷᠢᠳᠡᠭ ᠳᠡᠭᠡᠷ᠎ᠡ ᠠᠯᠭᠤᠷ ᠳᠣᠭᠣᠭᠰᠢᠯᠠᠨ ᠪᠠᠭᠤᠭᠠᠳ ᠵᠡᠰ ᠲᠣᠯᠢ ᠪᠠᠨ ᠭᠥᠯᠢᠷᠡᠨ ᠰᠠᠭᠤᠪᠠ᠃
| ᠴᠢᠩᠭᠢᠰ ᠬᠠᠭᠠᠨ ᠲᠠ ᠰᠣᠨᠣᠰ᠃ ᠲᠩᠷᠢ ᠢᠩᠭᠢᠵᠦ ᠬᠡᠯᠡᠪᠡ ᠃ ᠴᠢᠨᠦ ᠠᠨᠳᠠ ᠵᠠᠮᠤᠬ᠎ᠠ ᠴᠢᠮ᠎ᠠ ᠳ᠋ᠤ᠌ ᠦᠨᠡᠨ ᠰᠡᠳᠬᠢᠯ ᠦ᠋ᠨ ᠦᠭᠡ ᠪᠡᠨ ᠬᠡᠯᠡᠵᠡᠢ᠃ ᠭᠡᠪᠡᠴᠦ ᠲᠡᠷᠡ ᠴᠢᠮ᠎ᠠ ᠲᠠᠢ ᠠᠭᠤᠯᠵᠠᠬᠤ ᠶ᠋ᠢ ᠬᠦᠰᠡᠵᠦ ᠪᠠᠢᠨ᠎ᠠ ᠃ ᠲᠡᠭᠦᠨ ᠳ᠋ᠦ᠍ ᠪᠠᠰᠠ ᠴᠢᠮ᠎ᠠ ᠳ᠋ᠤ᠌ ᠬᠡᠯᠡᠭᠡ ᠦᠭᠡᠢ ᠦᠭᠡ ᠦᠯᠡᠳᠡᠵᠡᠢ ᠃
| ᠵᠠᠮᠤᠬ᠎ᠠ ᠶ᠋ᠢᠨ ᠦᠬᠦᠬᠦ ᠴᠠᠭ ᠪᠣᠯᠵᠠᠢ ᠤᠤ?
| ᠪᠣᠯᠤᠭ᠎ᠠ ᠦᠭᠡᠢ ᠪᠠᠢᠨ᠎ᠠ ᠭᠡᠵᠦ ᠲᠩᠷᠢ ᠨᠠᠳᠠ ᠳ᠋ᠤ᠌ ᠬᠡᠯᠡᠯ᠎ᠡ ᠭᠡᠵᠦ ᠬᠥᠭᠡᠴᠦ ᠰᠢᠪᠡᠨᠡᠪᠡ᠃ ᠲᠡᠭᠦᠨ ᠦ᠌ ᠡᠨᠡ ᠦᠭᠡ ᠶ᠋ᠢ ᠲᠡᠮᠦᠵᠢᠨ ᠡᠴᠡ ᠥᠭᠡᠷ᠎ᠡ ᠬᠡᠨ ᠴᠦ᠍ ᠰᠣᠨᠣᠰᠤᠭᠰᠠᠨ ᠦᠭᠡᠢ᠃ ᠳᠠᠪ ᠲᠩᠷᠢ ᠪᠥᠬᠡ ᠶ᠋ᠢ ᠶᠠᠪᠤᠭᠰᠠᠨ ᠠ᠋ᠴᠠ ᠬᠣᠢᠰᠢ ᠲᠡᠮᠦᠵᠢᠨ ᠭᠠᠭᠴᠠᠭᠠᠷ ᠤᠳᠠᠭᠠᠨ ᠰᠠᠭᠤᠵᠤ ᠰᠠᠭᠤᠵᠤ ᠡᠴᠦᠰ ᠲᠦ᠋ᠨᠢ ᠬᠡᠨ ᠳ᠋ᠦ᠍ ᠴᠦ᠍ ᠮᠡᠳᠡᠭᠳᠡᠯ ᠦᠭᠡᠢ ᠰᠥᠨᠢ ᠪᠡᠷ ᠰᠠᠮ ᠣᠴᠢᠵᠤ ᠵᠠᠮᠤᠬ᠎ᠠ ᠶ᠋ᠢᠨ ᠦᠭᠡ ᠶ᠋ᠢ ᠰᠣᠨᠣᠰᠬᠤ ᠨᠢ ᠵᠥᠪ ᠭᠡᠵᠦ ᠰᠢᠢᠳᠪᠡ᠃
ᠲᠡᠳᠡᠨ ᠢ᠋ ᠠᠭᠤᠯᠵᠠᠬᠤ ᠳ᠋ᠤ᠌ ᠭᠠᠭᠴᠠᠬᠠᠨ ᠪᠤᠭᠤᠷᠴᠢ ᠯᠠ ᠬᠠᠮᠲᠤ ᠪᠠᠢᠵᠠᠢ᠃ ᠪᠠᠰᠠ ᠵᠠᠮᠤᠬ᠎ᠠ ᠶᠠᠭᠠᠬᠢᠵᠤ ᠴᠤ᠌ ᠮᠡᠳᠡᠬᠦ ᠠᠭᠠᠰᠢ ᠵᠠᠩ ᠲᠠᠢ ᠲᠤᠯᠠ ᠡᠯᠳᠡᠪ ᠡᠴᠡ ᠰᠡᠷᠭᠡᠢᠯᠡᠨ ᠬᠠᠲᠠᠪᠴᠢᠨ ᠳ᠋ᠤ᠌ ᠵᠣᠭᠰᠣᠭᠠᠳ ᠶᠠᠮᠠᠷ ᠨᠢᠭᠡ ᠶᠠᠭᠤᠮ᠎ᠠ ᠪᠣᠯᠪᠠᠯ ᠳᠣᠪᠲᠣᠯᠤᠨ ᠣᠷᠣᠬᠤ ᠳ᠋ᠤ᠌ ᠪᠡᠯᠡᠨ ᠪᠠᠢᠯ᠎ᠠ᠃ ᠴᠠᠭᠠᠨ ᠢᠰᠡᠭᠡᠢ ᠰᠢᠷᠢᠳᠡᠭ ᠳᠡᠭᠡᠷ᠎ᠡ ᠲᠡᠷᠡᠢᠵᠦ ᠬᠡᠪᠲᠡᠭᠰᠡᠨ ᠵᠠᠮᠤᠬ᠎ᠠ ᠬᠠᠷᠠᠩᠭᠤᠢ ᠳ᠋ᠤ᠌ ᠣᠷᠣᠵᠤ ᠢᠷᠡᠭᠰᠡᠨ ᠬᠥᠮᠦᠨ ᠢ᠋ ᠣᠭᠲᠣ ᠲᠣᠭᠣᠭᠰᠠᠨ ᠦᠭᠡᠢ᠃ ᠬᠠᠷᠢᠨ ᠥᠨᠥᠬᠢ ᠬᠥᠮᠦᠨ ᠪᠠᠮᠪᠠᠷ ᠢ᠋ᠶ᠋ᠠᠨ ᠳᠡᠭᠡᠭᠰᠢ ᠡᠷᠭᠦᠬᠦ ᠳ᠋ᠦ᠍ ᠯᠡ ᠰᠠᠶᠢ ᠥᠨᠳᠡᠢᠵᠡᠢ᠃
| ᠪᠢ ᠲᠡᠮᠦᠵᠢᠨ ᠢ᠋ ᠥᠪᠡᠷ ᠢ᠋ᠶ᠋ᠡᠨ ᠢᠷᠡᠬᠦ ᠡᠴᠡ ᠨᠠᠭᠠᠰᠢ ᠬᠡᠨ ᠲᠡᠢ ᠴᠦ᠍ ᠠᠭᠤᠯᠵᠠᠵᠤ ᠶᠠᠷᠢᠬᠤ ᠦᠭᠡᠢ ᠭᠡᠰᠡᠨ ᠪᠢᠰᠢ ᠤᠤ? ᠭᠡᠵᠦ ᠵᠠᠮᠤᠬ᠎ᠠ ᠬᠠᠰᠬᠢᠷᠪᠠ᠃
| ᠪᠢ ᠴᠢᠨᠦ ᠶᠠᠭᠤ ᠬᠡᠯᠡᠬᠦ ᠶ᠋ᠢ ᠰᠣᠨᠣᠰᠤᠶ᠎ᠠ ᠭᠡᠰᠡᠨ ᠬᠠᠷᠢᠭᠤ ᠰᠣᠨᠣᠰᠤᠭᠠᠳ ᠵᠠᠮᠤᠬ᠎ᠠ ᠪᠣᠰᠤᠨ ᠬᠠᠷᠠᠢᠵᠠᠢ᠃ ᠲᠡᠭᠦᠨ ᠦ᠌ ᠰᠠᠨᠠᠭᠰᠠᠨ ᠢ᠋ᠶ᠋ᠠᠷ ᠪᠣᠯᠪᠠ᠃ ᠭᠡᠪᠡᠴᠦ ᠲᠡᠮᠦᠵᠢᠨ ᠬᠠᠷ᠎ᠠ ᠰᠠᠨᠠᠭᠠᠯᠠᠨ ᠬᠡᠨ ᠳ᠋ᠦ᠍ ᠴᠦ᠍ ᠮᠡᠳᠡᠭᠳᠡᠬᠦ ᠦᠭᠡᠢ ᠭᠡᠵᠦ ᠳ᠋ᠦᠩ ᠰᠥᠨᠢ ᠪᠡᠷ ᠢᠷᠡᠭᠰᠡᠨ ᠨᠢ ᠵᠠᠮᠤᠬ᠎ᠠ ᠶ᠋ᠢ ᠭᠣᠩᠰᠣᠢᠯᠭᠠᠪᠠ᠃ ᠲᠡᠷᠲᠡᠭᠡ ᠬᠣᠷᠢᠨ ᠵᠢᠯ ᠦ᠋ᠨ ᠡᠮᠦᠨ᠎ᠡ ᠰᠠᠯᠵᠤ ᠣᠳᠤᠭᠰᠠᠨ ᠠ᠋ᠴᠠ ᠬᠣᠢᠰᠢ ᠳᠠᠢᠰᠤᠩᠨᠠᠯᠴᠠᠵᠤ ᠶᠠᠪᠤᠭᠰᠠᠨ ᠬᠣᠶᠠᠷ ᠨᠥᠬᠥᠷ ᠡᠢᠨ ᠬᠦ᠌ ᠬᠤᠪᠢ ᠵᠠᠶᠠᠭᠠᠨ ᠤ᠋ ᠠᠭᠤᠯᠵᠠᠪᠤᠷᠢ ᠳ᠋ᠤ᠌ ᠨᠢᠭᠤᠷ ᠲᠤᠯᠬᠤ ᠨᠢ ᠡᠨᠡ ᠠᠵᠢ᠃ ᠡᠨᠡ ᠠᠭᠤᠯᠵᠠᠯᠲᠠ ᠳ᠋ᠤ᠌ ᠬᠣᠶᠠᠭᠤᠯᠠ ᠰᠡᠳᠬᠢᠯ ᠰᠠᠨᠠᠭᠠᠨ ᠤ᠋ ᠬᠤᠪᠢ ᠳ᠋ᠤ᠌ ᠪᠡᠯᠡᠳᠬᠡᠯ ᠲᠡᠢ᠂ ᠪᠦᠷ ᠬᠡᠯᠡᠵᠦ ᠶᠠᠷᠢᠬᠤ ᠪᠠᠨ ᠲᠥᠯᠥᠪᠯᠡᠭᠰᠡᠨ ᠪᠠᠢᠭᠰᠠᠨ ᠪᠣᠯᠪᠠᠴᠤ ᠬᠡᠨ ᠬᠡᠨ ᠨᠢ ᠲᠤᠯᠭᠠᠮᠳᠠᠭᠠᠳ ᠠᠮᠠ ᠨᠡᠭᠡᠭᠡᠵᠦ ᠴᠢᠳᠠᠭᠰᠠᠨ ᠦᠭᠡᠢ᠃ ᠭᠡᠪᠡᠴᠦ ᠲᠡᠮᠦᠵᠢᠨ ᠲᠦᠷᠦᠭᠦᠯᠡᠨ ᠳᠤᠤᠭᠠᠷᠪᠠ᠃
| ᠵᠠᠮᠤᠬ᠎ᠠ᠃ ᠪᠢ ᠴᠢᠮᠠᠶ᠋ᠢ ᠥᠷᠥᠰᠢᠶᠡᠵᠦ ᠳᠠᠬᠢᠨ ᠰᠢᠳᠠᠷᠯᠠᠨ ᠶᠠᠪᠤᠶ᠎ᠠ ᠭᠡᠪᠡ᠃ ᠭᠡᠲᠡᠯ᠎ᠡ ᠴᠢ ᠵᠥᠪᠰᠢᠶᠡᠷᠡᠭᠰᠡᠨ ᠦᠭᠡᠢ ᠭᠡᠨ᠎ᠡ᠃ ᠪᠠᠰᠠ ᠨᠠᠳᠠ ᠲᠠᠢ ᠠᠭᠤᠯᠵᠠᠬᠤ ᠶ᠋ᠢᠨ ᠤᠴᠢᠷ ᠶᠠᠭᠤ ᠪᠣᠢ? ᠪᠢ ᠴᠢᠨᠦ ᠨᠠᠳᠠᠳᠤ ᠬᠦᠷᠭᠡᠭᠰᠡᠨ ᠲᠤᠰᠠ ᠶ᠋ᠢ ᠴᠢᠨᠢ ᠪᠣᠳᠣᠵᠤ ᠴᠢᠮ᠎ᠠ ᠲᠠᠢ ᠠᠭᠤᠯᠵᠠᠬᠤ ᠪᠠᠷ ᠢᠷᠡᠯ᠎ᠡ᠃ ᠬᠠᠷᠢᠨ ᠣᠳᠣ ᠴᠢ ᠥᠭᠡᠷ᠎ᠡ ᠶᠠᠭᠤ ᠬᠦᠰᠡᠪᠡ? ᠦᠬᠦᠬᠦ ᠶ᠋ᠢ ᠬᠦᠰᠡᠨ᠎ᠡ ᠭᠡᠪᠡ ᠤᠤ? ᠡᠰᠡᠪᠡᠯ ᠪᠢ ᠪᠤᠷᠤᠭᠤ ᠳᠤᠭᠤᠯᠪᠠ ᠤᠤ?
ᠲᠡᠭᠦᠨ ᠦ᠌ ᠬᠣᠭᠣᠯᠠᠢ ᠶ᠋ᠢᠨ ᠥᠩᠭᠡ ᠣᠭᠲᠣ ᠲᠠᠨᠢᠬᠤ ᠦᠭᠡᠢ ᠬᠥᠮᠦᠨ ᠦ᠌ ᠬᠢ ᠰᠢᠭ ᠥᠭᠡᠷᠡᠴᠢᠯᠡᠭᠳᠡᠵᠦ ᠬᠤᠪᠢᠷᠠᠵᠠᠢ᠃ ᠶᠡᠷᠦ ᠨᠢ ᠤᠷᠢᠳ ᠤ᠋ᠨ ᠵᠠᠯᠠᠭᠤ ᠲᠡᠮᠦᠵᠢᠨ ᠦ᠌ ᠲᠠᠨᠢᠯ ᠲᠥᠷᠬᠦ ᠪᠦᠭᠦᠳᠡ ᠦᠭᠡᠢ ᠪᠣᠯᠵᠠᠢ᠃ ᠭᠠᠭᠴᠠᠬᠠᠨ ᠨᠢᠷᠤᠭᠤ ᠨᠢ ᠥᠰᠦᠭᠡ ᠦᠭᠡᠢ ᠵᠠᠮᠤᠬ᠎ᠠ ᠠ᠋ᠴᠠ ᠲᠣᠯᠣᠭᠠᠢ ᠨᠠᠮᠬᠠᠨ ᠬᠡᠪ ᠢ᠋ᠶ᠋ᠡᠷ ᠬᠣᠴᠣᠷᠴᠠᠢ᠃ ᠲᠡᠢᠮᠦ ᠬᠡᠳᠦᠢ ᠴᠦ᠍ ᠲᠡᠷᠡ ᠪᠡᠷ ᠴᠠᠭᠠᠨ᠎ᠠ ᠪᠠᠨ ᠯᠠ ᠨᠢᠭᠡ ᠰᠦᠷᠳᠡᠵᠦ ᠪᠢᠰᠢᠭᠦᠷᠬᠡᠮᠡ ᠵᠢᠪᠬᠤᠭ᠎ᠠ ᠬᠡᠢ ᠮᠣᠷᠢ ᠲᠠᠢ ᠦᠵᠡᠭᠳᠡᠨ᠎ᠡ᠃
| ᠴᠢ ᠮᠢᠨᠦ ᠭᠠᠪᠢᠶ᠎ᠠ ᠶ᠋ᠢ ᠭᠡᠵᠦ ᠪᠦᠦ ᠳᠤᠷᠠᠰ᠃ ᠪᠢ ᠴᠢᠨᠦ ᠡᠮᠦᠨ᠎ᠡ ᠭᠡᠮ ᠦᠢᠯᠡᠳᠦᠭᠰᠡᠨ ᠤᠤ ᠭᠡᠬᠦ ᠡᠴᠡ ᠥᠭᠡᠷ᠎ᠡ ᠶ᠋ᠢ ᠶᠠᠭᠤ ᠬᠢᠪᠡ? ᠭᠡᠭᠡᠨ ᠴᠢᠷᠠᠢ ᠶ᠋ᠢ ᠴᠢᠨᠢ ᠬᠠᠷᠠᠵᠤ ᠭᠡᠮ ᠦᠭᠡᠢ ᠦᠭᠡ ᠶ᠋ᠢ ᠴᠢᠨᠢ ᠰᠣᠨᠣᠰᠤᠶ᠎ᠠ ᠭᠡᠰᠡᠨ ᠶᠦᠮ᠃ ᠣᠳᠣ ᠮᠢᠨᠦ ᠰᠡᠳᠬᠢᠯ ᠬᠠᠨᠤᠯ᠎ᠠ᠃ ᠵᠠᠮᠤᠬ᠎ᠠ ᠶ᠋ᠢᠨ ᠬᠡᠯᠡᠶ᠎ᠡ ᠭᠡᠵᠦ ᠬᠡᠯᠡᠭᠰᠡᠨ ᠡᠨᠡ ᠦᠭᠡ ᠶ᠋ᠢ ᠲᠡᠮᠦᠵᠢᠨ ᠴᠢᠷᠠᠢ ᠪᠠᠨ ᠣᠭᠲᠣ ᠬᠤᠪᠢᠷᠠᠭᠠᠬᠤ ᠦᠭᠡᠢ ᠪᠡᠷ ᠰᠣᠨᠣᠰᠬᠤ ᠨᠢ ᠴᠢᠬᠢᠨ ᠦ᠌ ᠪᠡᠨ ᠬᠠᠵᠠᠭᠤ ᠪᠠᠷ ᠥᠩᠭᠡᠷᠡᠭᠡᠵᠦ ᠪᠠᠢᠬᠤ ᠰᠢᠭ᠋ ᠰᠠᠨᠠᠭᠳᠠᠨ᠎ᠠ᠃
| ᠪᠢ ᠴᠢᠨᠦ ᠠᠳᠠᠯᠢ ᠮᠣᠩᠭᠣᠯ ᠠᠢᠮᠠᠭ ᠤ᠋ᠳ ᠢ᠋ ᠨᠢᠭᠡᠳᠬᠡᠬᠦ ᠶ᠋ᠢᠨ ᠲᠥᠯᠥᠭᠡ ᠪᠠᠢᠭᠰᠠᠨ ᠶᠤᠮ᠃ ᠭᠡᠪᠡᠴᠦ ᠡᠨᠡ ᠴᠠᠭ ᠤ᠋ᠨ ᠡᠷᠬᠡᠨ ᠳ᠋ᠦ᠍ ᠠᠨᠳᠠ ᠴᠢᠮ᠎ᠠ ᠳ᠋ᠤ᠌ ᠳᠠᠷᠤᠭᠳᠠᠯ᠎ᠠ᠃ ᠣᠳᠣ ᠪᠢ ᠠᠮᠢᠳᠤ ᠶᠠᠪᠤᠬᠤ ᠶ᠋ᠢᠨ ᠬᠡᠷᠡᠭ ᠨᠢᠭᠡᠨᠲᠡ ᠦᠭᠡᠢ ᠪᠣᠯᠵᠠᠢ᠃ ᠴᠢ ᠨᠠᠢ᠍ᠮᠠᠨ ᠤ᠋ ᠳᠠᠶᠠᠨ ᠬᠠᠨ ᠤ᠋ ᠦᠭᠡ ᠶ᠋ᠢ ᠰᠣᠨᠣᠰᠤᠭ᠎ᠠ ᠪᠢᠵᠡ᠃ ᠡᠨᠡ ᠭᠠᠵᠠᠷ ᠳᠡᠭᠡᠷ᠎ᠡ ᠬᠣᠶᠠᠷ ᠬᠠᠭᠠᠨ ᠪᠠᠢᠵᠤ ᠶᠠᠭᠠᠬᠢᠵᠤ ᠪᠣᠯᠤᠨ᠎ᠠ ᠭᠡᠰᠡᠨ ᠪᠢᠰᠢ ᠤᠤ? ᠠᠨᠳᠠ ᠴᠢᠮ᠎ᠠ ᠲᠠᠢ ᠡᠪᠳᠡᠷᠡᠯᠴᠡᠵᠦ᠂ ᠠᠮᠢ ᠰᠥᠷᠦᠨ ᠲᠡᠮᠡᠴᠡᠭᠰᠡᠨ ᠨᠢ ᠵᠥᠪᠬᠡᠨ ᠡᠮᠡᠰ ᠥᠬᠢᠳ᠂ ᠡᠳ᠋ ᠮᠠᠯ ᠤ᠋ᠨ ᠲᠥᠯᠥᠭᠡ ᠪᠢᠰᠢ ᠶᠦᠮ᠃ᠠᠨᠳᠠ ᠴᠢ ᠲᠩᠷᠢ ᠶ᠋ᠢᠨ ᠢᠪᠡᠭᠡᠯ ᠳ᠋ᠦ᠍ ᠪᠠᠭᠲᠠᠵᠤ᠂ ᠲᠣᠮᠣ ᠵᠢᠵᠢᠭ ᠠᠢᠮᠠᠭ ᠢ᠋ ᠰᠥᠬᠥᠷᠡᠭᠦᠯᠦᠨ ᠠᠪᠴᠠᠢ᠃ ᠣᠳᠣ ᠴᠢ ᠨᠠᠮᠠᠶ᠋ᠢ ᠦᠬᠦᠭᠦᠯ᠃ ᠪᠢ ᠴᠢᠨᠦ ᠬᠠᠮᠤᠭ ᠤ᠋ᠨ ᠥᠰᠲᠦ ᠳᠠᠢᠰᠤᠨ ᠬᠡᠪ ᠢ᠋ᠶ᠋ᠡᠷ ᠦᠯᠡᠳᠡᠮᠡᠷ ᠪᠠᠢᠨ᠎ᠠ᠃ ᠲᠡᠭᠡᠬᠦ ᠴᠦ᠍ ᠪᠣᠯᠤᠨ᠎ᠠ᠃ ᠦᠷ᠎ᠡ ᠤᠳᠤᠮ ᠴᠢᠨᠢ ᠵᠠᠳᠠᠷᠠᠨ ᠤ᠋ ᠵᠠᠮᠤᠬ᠎ᠠ ᠪᠣᠯ ᠶᠢᠰᠦᠭᠡᠢ ᠶ᠋ᠢᠨ ᠲᠡᠮᠦᠵᠢᠨ ᠦ᠌ ᠬᠠᠮᠤᠭ ᠤ᠋ᠨ ᠵᠠᠨᠤᠯᠲᠤ ᠳᠠᠢᠰᠤᠨ ᠪᠠᠢᠪᠠ ᠭᠡᠵᠦ ᠬᠠᠷᠢᠶᠠᠨ ᠵᠥᠭᠡᠵᠦ ᠪᠠᠢᠭ᠃ ᠴᠢ ᠨᠠᠮᠠᠶ᠋ᠢ ᠬᠠᠮᠤᠭ ᠤ᠋ᠨ ᠠᠶᠤᠮᠰᠢᠭᠲᠠᠢ ᠪᠠᠷ ᠣᠯᠠᠨ ᠤ᠋ ᠡᠮᠦᠨ᠎ᠡ ᠲᠡᠮᠦᠯᠡᠨ ᠬᠣᠷᠣᠭᠠᠵᠤ᠂ ᠬᠡᠭᠦᠷ ᠢ᠋ ᠮᠢᠨᠢ ᠲᠠᠯ᠎ᠠ ᠪᠠᠷ ᠨᠢᠭᠡ ᠲᠠᠷᠬᠠᠭᠠᠨ ᠴᠠᠴᠤᠭᠲᠤᠨ᠃ ᠪᠢ ᠡᠯᠡᠰᠦ ᠰᠢᠷᠣᠢ᠂ ᠰᠠᠯᠬᠢ ᠪᠣᠷᠣᠭᠠᠨ ᠳ᠋ᠤ᠌ ᠬᠤᠪᠢᠯᠤᠶᠠ᠃ ᠬᠡᠮᠵᠢᠶ᠎ᠡ ᠦᠭᠡᠢ ᠡᠨᠡ ᠣᠷᠴᠢᠯᠠᠩ ᠳ᠋ᠤ᠌ ᠬᠤᠮᠠᠬᠢ ᠶ᠋ᠢᠨ ᠲᠣᠭᠣᠰᠣ ᠪᠣᠯᠤᠶ᠎ᠠ᠃
ᠵᠠᠮᠤᠬ᠎ᠠ ᠶ᠋ᠢᠨ ᠡᠨᠡ ᠰᠣᠨᠣᠰᠬᠤᠯᠠᠩ ᠦᠭᠡᠢ ᠠᠶᠤᠮᠰᠢᠭᠲᠤ ᠦᠭᠡᠰ ᠲᠡᠮᠦᠵᠢᠨ ᠢ᠋ ᠴᠣᠴᠢᠭᠠᠪᠠ᠃ ᠲᠡᠷᠡ ᠢᠩᠭᠢᠵᠦ ᠬᠡᠯᠡᠨ᠎ᠡ ᠭᠡᠵᠦ ᠰᠠᠨᠠᠭᠰᠠᠨ ᠦᠭᠡᠢ᠃ ᠤᠷᠢᠳᠴᠢᠯᠠᠨ ᠳᠠᠭᠠᠬᠤ ᠳ᠋ᠤ᠌ ᠪᠡᠷᠬᠡᠲᠡᠢ ᠵᠠᠮᠤᠬ᠎ᠠ ᠳᠠᠬᠢᠭᠠᠳ ᠯᠠ ᠳᠠᠭᠠᠬᠤ ᠳ᠋ᠤ᠌ ᠪᠡᠷᠬᠡ ᠣᠨᠢᠰᠣᠭ᠎ᠠ ᠰᠢᠭ᠋ ᠦᠭᠡ ᠬᠡᠯᠡᠪᠡ᠃ ᠳᠡᠢᠯᠦᠭᠳᠡᠨ ᠮᠥᠬᠥᠭᠰᠡᠨ ᠴᠦ᠍ ᠵᠠᠮᠤᠬ᠎ᠠ ᠣᠭᠲᠣ ᠬᠤᠪᠢᠷᠠᠵᠤ ᠥᠭᠡᠷᠡᠴᠢᠯᠡᠭᠳᠡᠭᠰᠡᠨ ᠦᠭᠡᠢ᠃
ᠠᠮᠠ ᠨᠡᠭᠡᠭᠡᠬᠦ ᠶ᠋ᠢᠨ ᠡᠮᠦᠨ᠎ᠡ ᠲᠡᠮᠦᠵᠢᠨ ᠦᠭᠡ ᠪᠡᠨ ᠰᠠᠢᠲᠤᠷ ᠲᠤᠩᠭᠠᠨ ᠪᠣᠳᠣᠪᠠ᠃ ᠬᠥᠮᠦᠨ ᠪᠦᠷᠢ ᠠᠮᠢᠳᠤ ᠶᠠᠪᠤᠬᠤ ᠶ᠋ᠢᠨ ᠲᠥᠯᠥᠭᠡ ᠦᠬᠦᠨ ᠬᠠᠳᠠᠨ ᠲᠡᠮᠡᠴᠡᠵᠦ ᠪᠠᠢᠬᠤ ᠳ᠋ᠤ᠌ ᠨᠡᠷ᠎ᠡ ᠠᠯᠳᠠᠷ ᠲᠡᠭᠦᠰ ᠵᠠᠮᠤᠬ᠎ᠠ ᠶᠠᠭᠠᠬᠢᠭᠠᠳ ᠦᠬᠦᠯ ᠦ᠋ᠨ ᠮᠠᠭᠤ ᠶ᠋ᠢ ᠰᠣᠩᠭᠣᠬᠤ ᠭᠡᠵᠦ ᠬᠦᠰᠡᠪᠡ᠃ ᠵᠠᠮᠤᠬ᠎ᠠ ᠶᠠᠮᠠᠷ ᠵᠠᠯᠢ ᠭᠠᠷᠭᠠᠬᠤ ᠭᠡᠵᠦ ᠪᠣᠢ ᠶ᠋ᠢ ᠳᠠᠭᠠᠬᠤ ᠳ᠋ᠤ᠌ ᠪᠡᠷᠬᠡ ᠶᠦᠮ᠃ ᠦᠢᠯᠡᠳᠦᠭᠰᠡᠨ ᠭᠡᠮ ᠶᠠᠯ᠎ᠠ ᠶ᠋ᠢ ᠲᠣᠭᠠᠴᠠᠪᠠᠯ ᠵᠠᠮᠤᠬ᠎ᠠ ᠶ᠋ᠢ ᠥᠴᠢᠭ ᠦᠭᠡᠢ ᠴᠠᠭᠠᠵᠠᠯᠠᠬᠤ ᠶᠣᠰᠣᠲᠠᠢ ᠶᠤᠮ᠃ ᠭᠡᠲᠡᠯ᠎ᠡ ᠵᠠᠮᠤᠬ᠎ᠠ ᠪᠣᠯ ᠲᠡᠭᠦᠨ ᠦ᠌ ᠪᠠᠭ᠎ᠠ ᠶ᠋ᠢᠨ ᠠᠨᠳᠠ᠂ ᠪᠠᠰᠠ ᠴᠤ᠌ ᠭᠡᠵᠦ ᠲᠡᠷᠡ ᠠᠨᠳᠠᠭᠠᠢ ᠲᠠᠩᠭᠠᠷᠢᠭ ᠢ᠋ᠶ᠋ᠠᠨ ᠮᠠᠷᠲᠠᠳᠠᠭ ᠦᠭᠡᠢ ᠨᠥᠬᠥᠷ ᠪᠠᠢᠪᠠ᠃ ᠵᠠᠮᠤᠬ᠎ᠠ ᠪᠣᠯ ᠲᠡᠮᠦᠵᠢᠨ ᠦ᠌ ᠬᠤᠪᠢ ᠳ᠋ᠤ᠌ ᠳᠠᠢᠰᠤᠨ ᠮᠡᠲᠦ ᠨᠥᠬᠥᠷ᠂ ᠨᠥᠬᠥᠷ ᠮᠡᠲᠦ ᠳᠠᠢᠰᠤᠨ ᠪᠠᠢᠪᠠ᠃
ᠲᠡᠷᠡ ᠡᠨᠡ ᠦᠭᠡ ᠶ᠋ᠢ ᠵᠠᠮᠤᠬ᠎ᠠ ᠶ᠋ᠢᠨ ᠪᠠᠷᠢᠭᠳᠠᠨ ᠢᠷᠡᠭᠰᠡᠨ ᠢ᠋ ᠰᠣᠨᠣᠰᠤᠭᠠᠳ ᠪᠤᠭᠤᠷᠴᠢ ᠳ᠋ᠤ᠌ ᠬᠡᠯᠡᠭᠰᠡᠨ ᠪᠢᠯᠡ᠃ ᠵᠠᠮᠤᠬ᠎ᠠ ᠪᠣᠯ ᠮᠡᠷᠭᠢᠳ ᠰᠢᠭ᠂ ᠨᠠᠢ᠍ᠮᠠᠨ ᠤ᠋ ᠲᠠᠶᠠᠨ ᠰᠢᠭ᠋᠂ ᠲᠠᠲ᠋ᠠᠷ ᠰᠢᠭ᠋ ᠨᠢᠭᠡ ᠴᠢᠭ ᠢ᠋ ᠪᠠᠷᠢᠭᠰᠠᠨ ᠵᠠᠨᠤᠯᠲᠤ ᠳᠠᠢᠰᠤᠨ ᠪᠢᠰᠢ ᠶᠦᠮ᠃ ᠲᠡᠮᠦᠵᠢᠨ ᠢ᠋ ᠦᠬᠦᠭᠦᠯᠵᠦ ᠪᠣᠯᠬᠤ᠂ ᠪᠠᠰᠠ ᠰᠥᠨᠥᠭᠡᠨ ᠳᠠᠷᠤᠵᠤ ᠪᠣᠯᠬᠤ ᠪᠣᠯᠤᠮᠵᠢ ᠰᠢᠯᠲᠠᠭ ᠵᠠᠮᠤᠬ᠎ᠠ ᠳ᠋ᠤ᠌ ᠣᠯᠠᠨ ᠪᠠᠢᠭᠰᠠᠨ ᠪᠣᠯᠪᠠᠴᠤ ᠲᠡᠷᠡ ᠳᠡᠭᠡᠭᠡ ᠦᠭᠡᠢ᠃ ᠭᠡᠪᠡᠴᠦ ᠦᠷᠭᠦᠯᠵᠢ ᠲᠡᠭᠦᠨ ᠢ᠋ ᠥᠳᠥᠭᠡᠨ ᠳᠠᠭᠠᠷᠢᠵᠤ᠂ ᠨᠥᠬᠥᠷ ᠢ᠋ ᠨᠢ ᠳᠠᠢᠰᠤᠨ ᠪᠣᠯᠭᠠᠨ ᠨᠢᠭᠡ ᠮᠥᠴᠡ ᠴᠦ᠍ ᠲᠠᠢᠪᠤᠩ ᠰᠠᠭᠤᠯᠭᠠᠭ᠎ᠠ ᠦᠭᠡᠢ ᠪᠢᠯᠡ᠃ ᠵᠠᠮᠤᠬ᠎ᠠ ᠶ᠋ᠢᠨ ᠶᠠᠭᠤ ᠬᠢᠵᠦ᠂ ᠬᠠᠮᠢᠭ᠎ᠠ ᠠ᠋ᠴᠠ ᠬᠡᠨ ᠲᠡᠢ ᠨᠡᠢᠯᠡᠵᠦ ᠳᠣᠪᠲᠣᠯᠬᠤ ᠶ᠋ᠢ ᠳᠠᠭᠠᠬᠤ ᠳ᠋ᠤ᠌ ᠪᠡᠷᠬᠡ᠃ ᠡᠨᠡ ᠨᠢ ᠲᠡᠮᠦᠵᠢᠨ ᠢ᠋ ᠪᠠᠢᠩᠭᠤ ᠬᠤᠷᠴᠠᠯᠠᠵᠤ ᠴᠠᠭ ᠢᠮᠠᠭᠲᠠ ᠰᠣᠨᠣᠷ ᠰᠡᠷᠡᠮᠵᠢᠲᠡᠢ᠂ ᠤᠬᠠᠭᠠᠨ ᠰᠡᠷᠭᠡᠭ᠂ ᠤᠪ ᠵᠠᠯᠢᠲᠠᠢ ᠪᠠᠢᠬᠤ ᠶ᠋ᠢ ᠰᠤᠷᠭᠠᠭᠰᠠᠨ ᠴᠤ᠌ ᠪᠠᠢᠵᠤ ᠮᠡᠳᠡᠨ᠎ᠡ᠃ ᠤᠭ ᠨᠢ ᠵᠠᠮᠤᠬ᠎ᠠ ᠰᠢᠭ᠋ ᠬᠦᠴᠦᠲᠡᠢ᠂ ᠨᠡᠷ᠎ᠡ ᠲᠥᠷᠥ ᠲᠡᠢ᠂ ᠤᠬᠠᠭᠠᠨ ᠲᠠᠢ ᠨᠥᠬᠥᠷ ᠳᠡᠷᠭᠡᠳᠡ ᠨᠢ ᠪᠠᠢᠪᠠᠯ ᠣᠯᠠᠨ ᠲᠠᠯ᠎ᠠ ᠶ᠋ᠢᠨ ᠲᠤᠰᠠᠲᠠᠢ ᠭᠡᠵᠦ ᠲᠡᠮᠦᠵᠢᠨ ᠪᠣᠳᠣᠭᠰᠠᠨ ᠤ᠋ ᠤᠴᠢᠷ ᠲᠡᠭᠦᠨ ᠢ᠋ ᠬᠠᠭᠤᠴᠢᠨ ᠤ᠋ ᠠᠨᠳᠠ ᠶ᠋ᠢᠨ ᠶᠣᠰᠣᠭᠠᠷ ᠨᠥᠬᠥᠷᠯᠡᠵᠦ ᠶᠠᠪᠤᠶ᠎ᠠ ᠭᠡᠰᠡᠨ ᠪᠢᠯᠡ᠃ ᠭᠡᠲᠡᠯ᠎ᠡ ᠲᠡᠷᠡ ᠵᠥᠪᠰᠢᠶᠡᠷᠡᠭᠰᠡᠨ ᠦᠭᠡᠢ᠃ ᠨᠢᠭᠡᠨᠲᠡ ᠠᠢᠮᠠᠭ ᠢᠷᠭᠡᠳ ᠢ᠋ᠶ᠋ᠡᠨ ᠠᠯᠳᠠᠵᠤ ᠤᠷᠭᠤᠭᠤᠯ ᠪᠣᠰᠬᠠᠭᠤᠯ ᠬᠤᠯᠠᠭᠠᠢᠴᠢ ᠰᠢᠭ᠋᠂ ᠠᠯᠳᠠᠭᠤᠯ ᠭᠦᠶᠦᠬᠦᠯ ᠮᠣᠷᠢ ᠰᠢᠭ᠋ ᠪᠣᠯᠵᠤ ᠥᠨᠥᠴᠢᠷᠡᠵᠦ ᠭᠠᠭᠴᠠᠭᠠᠷᠳᠠᠭᠰᠠᠨ ᠲᠡᠭᠦᠨ ᠢ᠋ ᠠᠯᠠᠬᠤ ᠨᠢ ᠣᠭᠲᠣ ᠠᠰᠢᠭ ᠦᠭᠡᠢ ᠪᠥᠭᠡᠳ ᠤᠳᠬ᠎ᠠ ᠦᠭᠡᠢ ᠵᠦᠢᠯ ᠪᠣᠯᠪᠠ᠃ ᠡᠨᠡ ᠪᠦᠬᠦᠨ ᠯᠡ ᠲᠡᠮᠦᠵᠢᠨ ᠢ᠋ ᠪᠣᠳᠣᠯ ᠳ᠋ᠤ᠌ ᠤᠨᠠᠭᠠᠪᠠ᠃ ᠵᠠᠮᠤᠬ᠎ᠠ ᠲᠡᠭᠦᠨ ᠦ᠌ ᠢᠪᠡᠭᠡᠯ ᠳ᠋ᠦ᠍ ᠥᠪᠡᠷ ᠢ᠋ᠶ᠋ᠡᠨ ᠭᠤᠶᠤᠨ ᠪᠠᠭᠲᠠᠵᠤ ᠣᠷᠣᠪᠠᠯ ᠲᠡᠷᠡ ᠶᠡᠬᠡ ᠣᠯᠵᠠ᠂ ᠪᠦᠷᠢᠨ ᠢᠯᠠᠯᠲᠠ ᠪᠣᠯᠬᠤ ᠪᠢᠯᠡ᠃ ᠭᠡᠲᠡᠯ᠎ᠡ ᠵᠠᠮᠤᠬ᠎ᠠ ᠲᠡᠭᠦᠨ ᠳ᠋ᠦ᠍ ᠪᠠᠭᠤᠵᠤ ᠥᠭᠴᠦ᠂ ᠳᠠᠭᠠᠷ᠎ᠠ ᠣᠷᠣᠬᠤ ᠦᠭᠡᠢ ᠭᠡᠵᠦ ᠨᠢᠭᠡᠨᠲᠡ ᠰᠢᠢᠳᠦᠭᠰᠡᠨ ᠨᠢ ᠢᠯᠡᠳᠲᠡ ᠪᠠᠢᠯ᠎ᠠ᠃ ᠭᠡᠪᠡᠴᠦ ᠲᠡᠮᠦᠵᠢᠨ ᠵᠠᠮᠤᠬ᠎ᠠ ᠶ᠋ᠢ ᠪᠠᠭᠤᠯᠭᠠᠨ ᠠᠪᠬᠤ ᠶ᠋ᠢ ᠬᠦᠰᠡᠭᠰᠡᠭᠡᠷ ᠠᠵᠢ᠃
| ᠲᠡᠮᠦᠵᠢᠨ ᠴᠢ ᠣᠳᠣ ᠨᠢᠭᠡᠨᠲᠡ ᠴᠢᠩᠭᠢᠰ ᠬᠠᠭᠠᠨ ᠪᠣᠯᠵᠠᠢ᠃ ᠭᠡᠲᠡᠯ᠎ᠡ ᠪᠢ ᠬᠥᠷ ᠬᠠᠭᠠᠨ᠃ ᠡᠬᠡ ᠭᠠᠵᠠᠷ᠂ ᠡᠵᠡᠨ ᠲᠩᠷᠢ ᠶ᠋ᠢᠨ ᠳᠣᠣᠷ᠎ᠠ ᠬᠣᠶᠠᠷ ᠬᠠᠭᠠᠨ ᠪᠠᠢᠵᠤ ᠪᠣᠯᠬᠤ ᠦᠭᠡᠢ᠃
ᠵᠠᠮᠤᠬ᠎ᠠ ᠴᠢᠩᠭᠢᠰ ᠬᠠᠭᠠᠨ ᠤ᠋ ᠰᠡᠳᠬᠢᠯ ᠳᠣᠲᠣᠷᠠᠬᠢ ᠡᠷᠡᠭᠡᠯᠵᠡᠭᠡ ᠶ᠋ᠢ ᠲᠠᠢᠯᠬᠤ ᠭᠡᠵᠦ ᠡᠢᠨ ᠬᠡᠯᠡᠭᠰᠡᠨ ᠨᠢ ᠲᠡᠭᠦᠨ ᠡᠴᠡ ᠡᠴᠦᠰ ᠦ᠋ᠨ ᠦᠭᠡ ᠪᠡᠨ ᠬᠡᠯᠡᠬᠦ ᠶ᠋ᠢ ᠱᠠᠭᠠᠷᠳᠠᠭᠰᠠᠨ ᠬᠡᠷᠡᠭ ᠪᠠᠢᠪᠠ᠃
| ᠵᠠᠮᠤᠬ᠎ᠠ ᠴᠢ ᠰᠣᠨᠣᠰ᠃ ᠨᠠᠳᠠᠳᠤ ᠲᠤᠰᠠᠯᠠᠬᠤ ᠰᠠᠢᠨ ᠨᠥᠬᠥᠳ᠂ ᠲᠦᠰᠢᠬᠦ ᠰᠠᠢᠨ ᠳᠡᠭᠦᠦ ᠨᠠᠷ ᠪᠣᠢ ᠨᠢ ᠦᠨᠡᠨ᠃ ᠭᠡᠲᠡᠯ᠎ᠡ ᠰᠠᠢᠨ ᠨᠥᠬᠥᠷ ᠣᠯᠳᠠᠨ᠎ᠠ ᠭᠡᠳᠡᠭ ᠬᠣᠪᠣᠷ ᠴᠢᠬᠤᠯᠠ᠃ ᠪᠢ ᠪᠠᠭ᠎ᠠ ᠶ᠋ᠢᠨ ᠲᠠᠯᠪᠢᠭᠰᠠᠨ ᠠᠨᠳᠠᠭᠠᠢ ᠪᠠᠨ ᠰᠠᠨᠠᠵᠤ᠂ ᠪᠡᠶ᠎ᠡ ᠪᠡᠷ ᠦᠢᠯᠡᠳᠦᠭᠰᠡᠨ ᠲᠤᠰᠠ ᠶ᠋ᠢ ᠴᠢᠨᠢ ᠦᠨᠡᠯᠡᠵᠦ ᠴᠢᠮᠠᠶ᠋ᠢ ᠨᠠᠢᠷᠰᠠᠨ ᠶᠠᠪᠤᠶ᠎ᠠ ᠭᠡᠲᠡᠯ᠎ᠡ ᠴᠢ ᠦᠯᠦ ᠵᠥᠪᠰᠢᠶᠡᠷᠡᠪᠡ᠃ ᠭᠡᠪᠡᠴᠦ ᠪᠢ ᠴᠢᠮᠠᠶ᠋ᠢ ᠦᠬᠦᠭᠦᠯᠬᠦ ᠳ᠋ᠦ᠍ ᠬᠦᠨᠳᠦᠲᠡᠢ ᠰᠢᠯᠲᠠᠭ ᠬᠡᠷᠡᠭᠲᠡᠢ᠃ ᠠᠩᠬ᠎ᠠ ᠴᠢ ᠠᠳᠤᠭᠤᠨ ᠤ᠋ ᠬᠤᠯᠠᠭᠠᠢ ᠶ᠋ᠢᠨ ᠶᠠᠯᠢᠮ ᠦᠭᠡᠢ ᠰᠢᠯᠲᠠᠭᠠᠨ ᠢ᠋ᠶ᠋ᠠᠷ ᠴᠡᠷᠢᠭᠯᠡᠨ ᠳᠣᠪᠲᠣᠯᠵᠤ ᠨᠠᠮᠠᠶ᠋ᠢ ᠰᠠᠨᠳᠤᠷᠭᠠᠭᠰᠠᠨ ᠤ᠋ ᠴᠢᠨᠢ ᠲᠥᠯᠥᠭᠡ᠂ ᠪᠠᠰᠠ ᠣᠳᠣ ᠨᠥᠬᠥᠷᠯᠡᠶ᠎ᠡ ᠭᠡᠪᠡᠴᠦ ᠵᠥᠪᠰᠢᠶᠡᠷᠡᠭᠡ ᠦᠭᠡᠢ ᠲᠤᠯᠠ ᠪᠢ ᠴᠢᠮᠠᠶ᠋ᠢ ᠬᠦᠰᠡᠯ ᠢ᠋ᠶ᠋ᠡᠷ ᠴᠢᠨᠢ ᠪᠣᠯᠭᠠᠵᠤ ᠬᠠᠭᠠᠨ ᠬᠥᠮᠦᠨ ᠦ᠌ ᠶᠣᠰᠣ ᠪᠠᠷ ᠴᠢᠰᠤ ᠦᠭᠡᠢ ᠦᠬᠦᠭᠦᠯᠵᠦ ᠬᠠᠮᠤᠭ ᠤ᠋ᠨ ᠳᠡᠭᠡᠷ᠎ᠡ ᠣᠷᠣᠰᠢᠭᠤᠯᠤᠶᠠ᠃
ᠲᠡᠮᠦᠵᠢᠨ ᠡᠨᠡ ᠦᠭᠡᠰ ᠢ᠋ᠶ᠋ᠡᠨ ᠲᠠᠢᠪᠤᠩ᠂ ᠶᠡᠷᠦ ᠬᠢᠯᠢᠩᠨᠡᠵᠦ ᠪᠤᠬᠢᠨᠢᠳᠤᠭᠰᠠᠨ ᠵᠦᠢᠯ ᠦᠭᠡᠢ ᠬᠡᠯᠡᠭᠡᠳ ᠭᠠᠷᠬᠤ ᠭᠡᠪᠡ᠃ ᠵᠠᠮᠤᠬ᠎ᠠ ᠪᠠᠰᠠ ᠯᠠ ᠲᠠᠢᠪᠤᠰᠢᠷᠠᠵᠤ ᠬᠠᠩᠬᠤ ᠪᠣᠯᠤᠭ᠎ᠠ ᠦᠭᠡᠢ ᠪᠠᠢᠵᠠᠢ᠃
| ᠪᠠᠢᠵᠠ᠂ ᠬᠦᠯᠢᠶᠡ᠃ ᠮᠢᠨᠦ ᠦᠭᠡ ᠳᠠᠭᠤᠰᠤᠭ᠎ᠠ ᠦᠭᠡᠢ ᠪᠠᠢᠨ᠎ᠠ᠁
ᠵᠠᠮᠤᠬ᠎ᠠ ᠢᠩᠭᠢᠵᠦ ᠬᠠᠰᠬᠢᠷᠤᠭᠰᠠᠨ ᠨᠢ ᠲᠡᠮᠦᠵᠢᠨ ᠢ᠋ ᠪᠤᠤ ᠬᠡᠯᠡ ᠭᠠᠳᠠᠭ᠎ᠠ ᠬᠠᠲᠠᠪᠴᠢᠨ ᠳ᠋ᠤ᠌ ᠵᠣᠭᠰᠣᠭᠰᠠᠨ ᠪᠣᠭᠤᠷᠴᠢ ᠶ᠋ᠢ ᠴᠣᠴᠢᠭᠠᠵᠤ ᠰᠡᠯᠡᠮ᠎ᠡ ᠪᠡᠨ ᠰᠢᠭᠦᠷᠬᠦ ᠳ᠋ᠦ᠍ ᠬᠦᠷᠭᠡᠪᠡ᠃ ᠵᠠᠮᠤᠬ᠎ᠠ ᠲᠡᠭᠦᠨ ᠳ᠋ᠦ᠍ ᠣᠢᠷᠠᠲᠤᠨ ᠢᠷᠡᠵᠦ ᠨᠢᠭᠤᠷ ᠲᠤᠯᠤᠨ ᠵᠣᠭᠰᠣᠪᠠ᠃ ᠲᠡᠮᠦᠵᠢᠨ ᠬᠣᠷᠮᠣᠢ ᠶ᠋ᠢᠨ ᠴᠠᠭᠠᠨ᠎ᠠ ᠨᠢᠭᠤᠭᠰᠠᠨ ᠬᠢᠲᠤᠭ᠎ᠠ ᠪᠠᠨ ᠲᠡᠮᠲᠡᠷᠢᠨ᠎ᠡ᠃
| ᠲᠡᠮᠦᠵᠢᠨ᠃ ᠶᠢᠰᠦᠭᠡᠢ ᠶ᠋ᠢᠨ ᠲᠡᠮᠦᠵᠢᠨ ᠴᠢ ᠰᠣᠨᠣᠰ᠃ ᠴᠢ ᠨᠠᠮᠠᠶ᠋ᠢ ᠬᠡᠨ ᠭᠡᠵᠦ ᠰᠠᠨᠠᠪᠠ? ᠴᠢ᠁ ᠴᠢ᠁ ᠬᠠᠢᠷᠠᠲᠠᠢ ᠪᠥᠷᠲᠡ ᠶ᠋ᠢ ᠪᠡᠨ ᠮᠡᠷᠭᠢᠳ ᠲᠦ᠍ ᠠᠯᠳᠠᠭᠠᠳ ᠬᠣᠵᠢᠮ ᠨᠢ ᠮᠡᠷᠭᠢᠳ ᠦ᠋ᠨ ᠭᠥᠯᠥᠭᠡ ᠶ᠋ᠢ ᠡᠪᠦᠷ ᠲᠡᠭᠡᠨ ᠥᠰᠬᠡᠭᠰᠡᠨ ᠢ᠋ᠶ᠋ᠡᠨ ᠰᠠᠨᠠ᠃ ᠡᠭᠦᠨ ᠢ᠋ ᠴᠢ ᠮᠡᠷᠭᠢᠳ ᠦ᠋ᠨ ᠮᠣᠯᠬᠢ ᠪᠣᠯᠬᠢ ᠲᠣᠭᠲᠠᠭ᠎ᠠ ᠪᠡᠬᠢ ᠬᠢᠭᠰᠡᠨ ᠭᠡᠵᠦ ᠰᠠᠨᠠᠪᠠ ᠤᠤ? ᠴᠢ ᠡᠨᠳᠡᠭᠦᠷᠡᠵᠡᠢ᠃ ᠪᠢ ᠲᠡᠭᠦᠨ ᠢ᠋ ᠬᠠᠳᠬᠤᠵᠤ ᠶᠠᠪᠤᠭᠤᠯᠤᠭᠰᠠᠨ ᠶᠤᠮ᠃ ᠪᠢ ᠥᠭᠡᠯᠦᠨ ᠡᠵᠢ ᠶ᠋ᠢ ᠴᠢᠨᠢ ᠪᠤᠯᠢᠶᠠᠨ ᠠᠪᠤᠭᠰᠠᠨ ᠡᠷᠲᠡᠨ ᠦ᠌ ᠦᠰ ᠢ᠋ ᠮᠡᠷᠭᠢᠳ ᠦ᠋ᠳ ᠲᠦ᠍ ᠰᠠᠨᠠᠭᠤᠯᠵᠤ ᠪᠥᠷᠲᠡ ᠶ᠋ᠢ ᠪᠤᠯᠢᠶᠠᠯᠭᠠᠭᠰᠠᠨ ᠢ᠋ ᠴᠢ ᠮᠡᠳᠡᠬᠦ ᠦᠭᠡᠢ ᠪᠢᠵᠡ᠃ ᠵᠥᠴᠢ ᠪᠣᠯ ᠮᠢᠨᠦ ᠴᠢᠮ᠎ᠠ ᠳ᠋ᠤ᠌ ᠵᠣᠷᠢᠭᠤᠯᠤᠭᠰᠠᠨ ᠪᠡᠯᠡᠭ ᠶᠦᠮ᠃
ᠵᠠᠮᠤᠬ᠎ᠠ ᠢᠩᠭᠢᠵᠦ ᠬᠠᠰᠬᠢᠷᠤᠭᠠᠳ ᠭᠠᠯᠵᠠᠭᠤᠷᠠᠭᠰᠠᠨ ᠮᠡᠲᠦ ᠲᠠᠴᠢᠭᠢᠨᠠᠲᠠᠯ᠎ᠠ ᠬᠥᠬᠥᠷᠡᠪᠡ᠃
| ᠪᠢ ᠴᠢᠨᠦ ᠰᠡᠳᠬᠢᠯ ᠦ᠋ᠨ ᠳᠣᠲᠣᠷᠠᠬᠢ ᠠᠷᠢᠭᠤᠨ ᠰᠢᠲᠦᠭᠡᠨ ᠢ᠋ ᠴᠢᠨᠢ ᠪᠤᠯᠢᠶᠠᠨ ᠠᠪᠤᠭᠰᠠᠨ ᠶᠤᠮ᠃ ᠴᠢ ᠨᠠᠮᠠᠶ᠋ᠢ ᠦᠵᠡᠨ ᠶᠠᠳᠠᠬᠤ ᠦᠭᠡᠢ ᠪᠠᠢᠨ᠎ᠠ ᠭᠡᠵᠢ ᠤᠤ? ᠴᠢᠮ᠎ᠠ ᠳ᠋ᠤ᠌ ᠦᠷᠦ ᠡᠪᠡᠳᠴᠦ ᠬᠠᠢᠷᠠᠯᠠᠬᠤ ᠰᠡᠳᠬᠢᠯ ᠠᠯᠠᠭ᠎ᠠ ᠭᠡᠵᠢ ᠤᠤ? ᠴᠢᠨᠦ ᠵᠢᠷᠦᠬᠡ ᠰᠡᠳᠬᠢᠯ ᠡᠪᠡᠳᠴᠦ ᠰᠢᠨᠠᠯᠬᠤ ᠦᠭᠡᠢ ᠪᠠᠢᠨ᠎ᠠ ᠤᠤ? ᠴᠢᠮ᠎ᠠ ᠳ᠋ᠤ᠌ ᠵᠢᠷᠦᠬᠡ ᠰᠡᠳᠬᠢᠯ ᠭᠡᠵᠦ ᠶᠡᠷᠦ ᠨᠢ ᠪᠠᠢᠨ᠎ᠠ ᠤᠤ? ᠭᠡᠵᠦ ᠵᠠᠮᠤᠬ᠎ᠠ ᠬᠣᠷᠣᠰᠤᠨ ᠬᠠᠰᠬᠢᠷᠤᠭᠠᠳ ᠦᠭᠡ ᠳᠠᠭᠤ ᠦᠭᠡᠢ ᠲᠠᠭ ᠭᠥᠯᠢᠷᠡᠨ ᠵᠣᠭᠰᠣᠬᠤ ᠲᠡᠮᠦᠵᠢᠨ ᠢ᠋ ᠬᠠᠷᠠᠵᠤ ᠤᠯᠠᠮ ᠪᠠᠴᠢᠮᠳᠠᠨ ᠶᠡᠬᠡ ᠳᠠᠭᠤ ᠪᠠᠷ ᠣᠷᠢᠯᠠᠪᠠ᠃ ᠲᠡᠮᠦᠵᠢᠨ ᠦ᠌ ᠠᠭᠤᠷ ᠣᠮᠣᠭ ᠢ᠋ ᠪᠠᠳᠠᠷᠠᠭᠠᠵᠤ᠂ ᠬᠡᠷᠴᠡᠭᠡᠢ ᠲᠣᠭᠰᠢᠨ ᠵᠠᠩ ᠢ᠋ ᠨᠢ ᠬᠥᠳᠡᠯᠭᠡᠬᠦ ᠭᠡᠵᠦ ᠵᠠᠮᠤᠬ᠎ᠠ ᠴᠢᠷᠮᠠᠢᠨ ᠤᠷᠤᠯᠳᠤᠵᠤ ᠪᠠᠢᠪᠠ᠃ ᠡᠨᠡ ᠪᠣᠯ ᠵᠠᠮᠤᠬ᠎ᠠ ᠶ᠋ᠢᠨ ᠡᠴᠦᠰ ᠦ᠋ᠨ ᠭᠠᠭᠴᠠ ᠬᠦᠰᠡᠯ ᠪᠠᠢᠯ᠎ᠠ᠃
| ᠴᠢ᠁ ᠴᠢ᠁ ᠪᠥᠷᠲᠡ ᠶ᠋ᠢ ᠮᠡᠷᠭᠢᠳ ᠦ᠋ᠨ ᠴᠢᠯᠭᠡᠷ ᠪᠥᠬᠡ ᠡᠴᠡ ᠬᠥᠯ ᠬᠦᠨᠳᠦ ᠲᠡᠢ ᠪᠣᠯᠤᠭᠰᠠᠨ ᠳ᠋ᠤ᠌ ᠦᠰ ᠰᠠᠨᠠᠵᠤ ᠬᠠᠨᠴᠤᠢ ᠪᠠᠨ ᠰᠠᠯᠵᠤ᠂ ᠬᠠ ᠪᠠᠨ ᠬᠠᠨᠵᠠᠷᠠᠲᠠᠯᠠ ᠮᠡᠷᠭᠢᠳ ᠦ᠋ᠨ ᠲᠣᠯᠣᠭᠠᠢ ᠶ᠋ᠢ ᠴᠠᠪᠴᠢᠭᠰᠠᠨ ᠢ᠋ ᠴᠢᠨᠢ ᠪᠢ ᠲᠣᠳᠣ ᠰᠠᠨᠠᠵᠤ ᠪᠠᠢᠨ᠎ᠠ᠃ ᠣᠳᠣ ᠴᠢ ᠨᠠᠮᠠᠶ᠋ᠢ ᠦᠬᠦᠯ ᠦ᠋ᠨ ᠮᠠᠭᠤ ᠪᠠᠷ ᠦᠬᠦᠭᠦᠯᠵᠦ ᠥᠰᠢᠶ᠎ᠡ ᠪᠡᠨ ᠠᠪᠤᠭᠲᠤᠨ᠃ ᠴᠢᠮᠠᠶ᠋ᠢ ᠠᠮᠢᠳᠤ ᠶ᠋ᠢᠨ ᠲᠠᠮᠤ᠂ ᠠᠷᠢᠯᠵᠤ ᠤᠨᠲᠠᠷᠠᠬᠤ ᠦᠭᠡᠢ ᠰᠡᠳᠬᠢᠯ ᠦ᠋ᠨ ᠵᠣᠪᠠᠯᠠᠩ ᠰᠢᠨᠠᠯᠤᠯ ᠳ᠋ᠤ᠌ ᠤᠨᠠᠭᠠᠭᠰᠠᠨ ᠳᠠᠢᠰᠤᠨ ᠴᠢᠨᠢ ᠪᠢ ᠪᠠᠢᠨ᠎ᠠ᠃ ᠨᠠᠮᠠᠶ᠋ᠢ ᠳᠠᠯᠠᠨ ᠠᠭᠲᠠᠨ ᠤ᠋ ᠳᠡᠯ ᠰᠡᠭᠦᠯ ᠡᠴᠡ ᠵᠡᠭᠦᠵᠦ ᠡᠯᠢᠭᠡ ᠪᠥᠭᠡᠷ᠎ᠡ ᠶ᠋ᠢ ᠮᠢᠨᠢ ᠭᠠᠵᠠᠷ ᠢ᠋ᠶ᠋ᠠᠷ ᠨᠢᠭᠡ ᠲᠠᠷᠬᠠᠭᠠᠵᠤ ᠬᠠᠶᠠᠭᠠᠴᠢ᠃ ᠪᠢ ᠡᠭᠦᠨ ᠢ᠋ ᠬᠦᠰᠡᠵᠦ ᠪᠠᠢᠨ᠎ᠠ᠃ ᠮᠢᠨᠦ ᠠᠶᠤᠮᠰᠢᠭᠲᠤ ᠦᠬᠦᠯ ᠢ᠋ ᠪᠦᠭᠦᠳᠡ ᠳ᠋ᠦ᠍ ᠦᠵᠡᠭᠦᠯᠦᠭᠡᠴᠢ᠂ ᠵᠠᠯᠠᠭᠤᠰ ᠬᠥᠪᠡᠭᠦᠳ ᠲᠦ᠍ ᠰᠤᠷᠭᠠᠮᠵᠢ ᠪᠣᠯᠤᠭ ᠭᠡᠵᠦ ᠴᠢᠯᠠᠭᠤᠨ ᠬᠥᠰᠢᠶ᠎ᠡ ᠰᠢᠭ ᠭᠦᠷᠯᠦᠢᠨ ᠵᠣᠭᠰᠣᠬᠤ ᠲᠡᠮᠦᠵᠢᠨ ᠢ᠋ ᠲᠣᠭᠣᠷᠢᠵᠤ ᠬᠠᠰᠬᠢᠴᠢᠨᠠ᠃
ᠲᠡᠮᠦᠵᠢᠨ ᠦ᠌ ᠳᠣᠲᠣᠷ᠎ᠠ ᠭᠠᠰᠢᠭᠤᠨ ᠣᠷᠬᠢᠨ ᠬᠠᠭᠤᠴᠢᠨ ᠡᠮᠵᠡᠭ ᠰᠢᠷᠬ᠎ᠠ ᠨᠢ ᠬᠥᠨᠳᠡᠭᠳᠡᠭᠡᠳ ᠠᠭᠤᠷ ᠬᠢᠯᠢᠩ ᠨᠢ ᠪᠤᠴᠠᠯᠤᠭᠰᠠᠨ ᠴᠤ᠌ ᠵᠠᠮᠤᠬ᠎ᠠ ᠶ᠋ᠢᠨ ᠬᠦᠰᠡᠭᠰᠡᠨ ᠢ᠋ᠶ᠋ᠡᠷ ᠬᠢᠵᠦ ᠶᠠᠭᠠᠬᠢᠪᠠᠴᠤ ᠪᠣᠯᠬᠤ ᠦᠭᠡᠢ ᠶ᠋ᠢ ᠨᠡᠪᠲᠡ ᠮᠡᠳᠡᠵᠦ ᠪᠠᠢᠭᠰᠠᠨ ᠲᠤᠯᠠ ᠲᠡᠪᠴᠢᠭᠰᠡᠭᠡᠷ ᠪᠠᠢᠪᠠ᠃ ᠵᠠᠮᠤᠬ᠎ᠠ ᠥᠪᠡᠷ ᠦ᠋ᠨ ᠠᠯᠳᠠᠭᠳᠠᠭᠰᠠᠨ ᠨᠡᠷ᠎ᠡ ᠲᠥᠷᠥ ᠶ᠋ᠢ ᠠᠶᠤᠮᠰᠢᠭᠲᠤ ᠦᠬᠦᠯ ᠢ᠋ᠶ᠋ᠡᠷ ᠠᠪᠤᠷᠠᠬᠤ ᠪᠠᠷ ᠲᠣᠭᠠᠴᠠᠵᠠᠢ᠃ ᠲᠡᠮᠦᠵᠢᠨ ᠥᠪᠡᠷ ᠢ᠋ᠶ᠋ᠡᠨ ᠲᠡᠭᠦᠨ ᠢ᠋ ᠰᠦᠷ ᠳᠤᠤᠯᠢᠶᠠᠨ ᠲᠠᠢ᠂ ᠬᠠᠲᠠᠭᠤ ᠬᠡᠷᠴᠡᠭᠡᠢ ᠪᠡᠷ ᠴᠠᠭᠠᠵᠠᠯᠠᠬᠤ ᠠᠪᠠᠰᠤ ᠵᠠᠮᠤᠬ᠎ᠠ ᠲᠡᠮᠦᠵᠢᠨ ᠲᠡᠢ ᠠᠳᠠᠯᠢ ᠵᠢᠩᠳᠠᠭᠠᠨ ᠤ᠋ ᠬᠥᠮᠦᠨ ᠳ᠋ᠦ᠍ ᠲᠣᠭᠠᠴᠠᠭᠳᠠᠨ ᠦᠬᠦᠭᠰᠡᠨ ᠴᠦ᠍ ᠨᠡᠷ᠎ᠡ ᠰᠦᠷ ᠨᠢ ᠨᠡᠮᠡᠭᠳᠡᠬᠦ ᠪᠢᠯᠡ᠃ ᠵᠠᠮᠤᠬ᠎ᠠ ᠶ᠋ᠢᠨ ᠲᠡᠭᠦᠨ ᠲᠡᠢ ᠠᠭᠤᠯᠵᠠᠬᠤ ᠭᠡᠵᠦ ᠣᠯᠠᠨ ᠰᠠᠢᠬᠠᠨ ᠦᠭᠡ ᠪᠤᠭᠤᠷᠴᠢ ᠪᠠᠷ ᠲᠠᠢᠭᠰᠠᠨ ᠤ᠋ ᠤᠴᠢᠷ ᠡᠨᠡ ᠠᠵᠢ᠃ ᠬᠦᠴᠦᠷᠬᠡᠭ ᠳᠠᠢᠰᠤᠨ ᠢ᠋ᠶ᠋ᠠᠨ ᠬᠣᠷᠣᠰᠤᠯᠲᠠᠢ ᠪᠠᠷ ᠬᠣᠷᠣᠭᠠᠬᠤ ᠨᠢ ᠳᠠᠢᠰᠤᠨ ᠤ᠋ ᠪᠠᠨ ᠰᠦᠷ ᠬᠦᠴᠦ ᠶ᠋ᠢ ᠨᠡᠮᠡᠬᠦ ᠡᠴᠡ ᠴᠠᠭᠠᠰᠢ ᠦᠭᠡᠢ ᠲᠤᠯᠠ ᠣᠳᠣ ᠵᠠᠮᠤᠬ᠎ᠠ ᠶ᠋ᠢᠨ ᠮᠡᠬᠡᠨ ᠳ᠋ᠦ᠍ ᠤᠨᠠᠬᠤ ᠦᠭᠡᠢ ᠲᠡᠪᠴᠢᠬᠦ ᠶᠣᠰᠣᠲᠠᠢ ᠪᠠᠢᠯ᠎ᠠ᠃ ᠵᠠᠮᠤᠬ᠎ᠠ ᠦᠬᠦᠬᠦ ᠳ᠋ᠡᠭᠡᠨ ᠴᠦ᠍ ᠲᠡᠭᠦᠨ ᠢ᠋ ᠬᠠᠭᠤᠷᠬᠤ ᠪᠠᠷ ᠰᠢᠢᠳᠦᠭᠰᠡᠨ ᠢ᠋ ᠣᠢᠯᠠᠭᠠᠪᠠ᠃ ᠰᠢᠳᠠᠷ ᠴᠡᠷᠢᠭ ᠦ᠋ᠳ ᠲᠡᠭᠡᠨ ᠪᠠᠷᠢᠭᠳᠠᠨ ᠢᠷᠡᠭᠰᠡᠨ ᠨᠢ ᠴᠦ᠍ ᠲᠡᠭᠦᠨ ᠦ᠌ ᠵᠠᠯᠢ ᠪᠣᠯᠬᠤ ᠶ᠋ᠢ ᠲᠡᠮᠦᠵᠢᠨ ᠲᠠᠭᠠᠮᠠᠭᠯᠠᠪᠠ᠃ ᠲᠡᠭᠡᠮᠡᠭᠴᠡ ᠣᠷᠭᠢᠯᠤᠨ ᠣᠪᠣᠯᠵᠠᠬᠤ ᠠᠭᠤᠷ ᠬᠢᠯᠢᠩ ᠢ᠋ᠶ᠋ᠡᠨ ᠠᠷᠠᠢᠬᠠᠨ ᠲᠡᠪᠴᠢᠨ ᠪᠠᠷᠢᠵᠤ
| ᠵᠠᠮᠤᠬ᠎ᠠ ᠴᠢ ᠰᠣᠨᠣᠰ᠃ ᠴᠢ ᠥᠪᠡᠷ ᠦ᠋ᠨ ᠦᠢᠯᠡᠳᠦᠭᠰᠡᠨ ᠮᠠᠭᠤ ᠤᠢᠯᠠᠨ ᠤ᠋ ᠪᠠᠨ ᠲᠥᠯᠥᠭᠡ ᠨᠢᠭᠡᠨᠲᠡ ᠬᠦᠰᠡᠭᠰᠡᠨ ᠦᠬᠦᠯ ᠢ᠋ᠶ᠋ᠡᠨ ᠴᠦ᠍ ᠰᠣᠩᠭᠣᠬᠤ ᠬᠤᠪᠢ ᠦᠭᠡᠢ ᠪᠣᠯᠵᠠᠢ᠃ ᠣᠳᠣ ᠪᠢ ᠴᠢᠨᠦ ᠦᠬᠦᠯ ᠢ᠋ ᠰᠣᠩᠭᠣᠨ᠎ᠠ ᠭᠡᠵᠦ ᠵᠠᠨᠤᠯᠲᠠᠢ ᠬᠡᠯᠡᠭᠡᠳ ᠭᠠᠷᠴᠤ ᠶᠠᠪᠤᠯ᠎ᠠ᠃ ᠡᠨᠡ ᠭᠡᠷ ᠲᠦ᠍ ᠵᠠᠮᠤᠬ᠎ᠠ ᠶ᠋ᠢᠨ ᠳᠡᠷᠭᠡᠳᠡ ᠨᠢᠭᠡ ᠮᠥᠴᠡ ᠴᠦ᠍ ᠲᠡᠪᠴᠢᠨ ᠪᠠᠢᠵᠤ ᠴᠢᠳᠠᠬᠤ ᠦᠭᠡᠢ ᠪᠣᠯᠵᠠᠢ᠃ ᠵᠠᠮᠤᠬ᠎ᠠ ᠲᠡᠭᠦᠨ ᠢ᠋ ᠭᠠᠷᠤᠭᠰᠠᠨ ᠬᠣᠢᠨ᠎ᠠ ᠰᠥᠬᠥᠷᠡᠨ ᠤᠨᠠᠪᠠ᠃
| ᠲᠡᠮᠦᠵᠢᠨ ᠪᠢ ᠴᠢᠮᠠᠶ᠋ᠢ ᠲᠠᠨᠢᠭᠰᠠᠨ ᠦᠭᠡᠢ᠃ ᠪᠢ ᠴᠢᠮᠠᠶ᠋ᠢ ᠬᠥᠮᠦᠨ ᠭᠡᠵᠦ ᠢᠲᠡᠭᠡᠵᠦ ᠶᠠᠪᠤᠯ᠎ᠠ᠃ ᠭᠡᠲᠡᠯ᠎ᠡ ᠴᠢ ᠬᠥᠮᠦᠨ ᠪᠢᠰᠢ ᠪᠠᠢᠵᠤ᠁ ᠭᠡᠮᠡᠨ ᠵᠠᠮᠤᠬ᠎ᠠ ᠲᠤᠢᠯ ᠤ᠋ᠨ ᠭᠠᠰᠢᠭᠤᠳᠠᠯᠲᠠᠢ ᠪᠠᠷ᠂ ᠭᠠᠵᠠᠷ ᠰᠢᠭᠠᠨ᠂ ᠦᠰᠦ ᠪᠡᠨ ᠦᠭᠲᠡᠭᠡᠨ ᠪᠠᠢᠵᠤ ᠭᠠᠰᠢᠭᠤᠨ ᠢ᠋ᠶ᠋ᠠᠷ ᠮᠡᠭᠰᠢᠨ ᠤᠬᠢᠯᠠᠪᠠ᠃ ᠵᠠᠮᠤᠬ᠎ᠠ ᠭᠡᠷ ᠡᠴᠡ ᠭᠦᠶᠦᠨ ᠭᠠᠷᠴᠤ
| ᠲᠡᠮᠦᠵᠢᠨ᠃ ᠴᠢᠮᠠᠶ᠋ᠢ ᠲᠩᠷᠢ ᠭᠡᠰᠬᠡᠭᠡᠵᠦ ᠴᠢ ᠨᠢᠭᠡ ᠯᠡ ᠡᠳᠦᠷ ᠶᠠᠭ ᠨᠠᠳᠠ ᠰᠢᠭ᠋ ᠥᠪᠡᠷ ᠦ᠋ᠨ ᠦᠬᠦᠯ ᠢ᠋ ᠰᠣᠩᠭᠣᠬᠤ ᠴᠤ᠌ ᠡᠷᠬᠡ ᠦᠭᠡᠢ ᠪᠣᠯᠤᠨ᠎ᠠ᠃ ᠲᠡᠷᠡ ᠴᠠᠭ ᠲᠤ᠌ ᠴᠢ ᠵᠠᠮᠤᠬ᠎ᠠ ᠨᠠᠮᠠᠶ᠋ᠢ ᠰᠠᠨᠠᠨ᠎ᠠ᠃ ᠪᠢ ᠴᠢᠨᠦ ᠬᠦᠰᠡᠭᠰᠡᠨ ᠢ᠋ᠶ᠋ᠡᠷ ᠦᠬᠦᠪᠡᠴᠦ ᠰᠦᠨᠡᠰᠦ ᠮᠢᠨᠢ ᠴᠢᠮ᠎ᠠ ᠠ᠋ᠴᠠ ᠰᠠᠯᠬᠤ ᠦᠭᠡᠢ ᠭᠡᠵᠦ ᠮᠡᠳᠡᠭᠡᠷᠡᠢ ᠭᠡᠮᠡᠨ ᠰᠢᠷᠬᠠᠳᠤᠭᠰᠠᠨ ᠠᠷᠢᠶᠠᠲᠠᠨ ᠰᠢᠭ᠋ ᠪᠠᠷᠬᠢᠷᠠᠭᠰᠠᠭᠠᠷ ᠪᠠᠢᠯ᠎ᠠ᠃
ᠭᠡᠷ ᠡᠴᠡ ᠬᠣᠯᠠᠳᠤᠨ ᠶᠠᠪᠤᠵᠤ ᠪᠠᠢᠬᠤ ᠳ᠋ᠠᠭᠠᠨ ᠵᠠᠮᠤᠬ᠎ᠠ ᠶ᠋ᠢᠨ ᠡᠨᠡ ᠭᠠᠰᠢᠭᠤᠳᠠᠯᠲᠤ ᠳᠠᠭᠤ ᠶ᠋ᠢ ᠲᠡᠮᠦᠵᠢᠨ ᠪᠤᠭᠤᠷᠴᠢ ᠬᠣᠶᠠᠭᠤᠯᠠ ᠰᠣᠨᠣᠰᠤᠭᠰᠠᠨ ᠠᠲᠠᠯ᠎ᠠ ᠬᠡᠨ ᠴᠦ᠍᠂ ᠶᠠᠭᠤ ᠴᠤ᠌ ᠬᠡᠯᠡᠭᠰᠡᠨ ᠦᠭᠡᠢ᠃ ᠬᠡᠷᠪᠡ ᠵᠠᠮᠤᠬ᠎ᠠ ᠬᠣᠢᠨ᠎ᠠ ᠠ᠋ᠴᠠ ᠨᠢ ᠭᠦᠶᠦᠨ ᠢᠷᠡᠪᠡᠯ ᠲᠡᠭᠦᠨ ᠢ᠋ ᠴᠠᠪᠴᠢᠨ ᠠᠯᠠᠬᠤ ᠪᠠᠷ ᠪᠤᠭᠤᠷᠴᠢ ᠰᠡᠯᠡᠮ᠎ᠡ ᠪᠡᠨ ᠪᠡᠯᠡᠨ ᠪᠠᠷᠢᠵᠤ ᠶᠠᠪᠤᠵᠠᠢ᠃ ᠬᠠᠷᠢᠨ ᠵᠠᠮᠤᠬ᠎ᠠ ᠠᠮᠢᠳᠤ ᠪᠠᠷ ᠢ᠋ᠶ᠋ᠠᠨ ᠵᠢᠷᠦᠬᠡ ᠪᠡᠨ ᠰᠤᠭᠤᠯᠠᠭᠤᠯᠵᠤ ᠪᠣᠢ ᠮᠡᠲᠦ ᠣᠷᠢᠯᠠᠭᠰᠠᠭᠠᠷ ᠪᠠᠢᠭᠰᠠᠨ ᠴᠤ᠌ ᠭᠡᠷ ᠦ᠋ᠨ ᠡᠭᠦᠳᠡᠨ ᠡᠴᠡ ᠥᠨᠳᠡᠢᠭᠰᠡᠨ ᠦᠭᠡᠢ᠃ ᠲᠡᠭᠦᠨ ᠳ᠋ᠦ᠍ ᠲᠡᠢᠮᠦ ᠴᠢᠳᠠᠯ ᠴᠤ᠌ ᠦᠭᠡᠢ ᠪᠣᠯᠵᠠᠢ᠃ ᠵᠠᠮᠤᠬ᠎ᠠ ᠶ᠋ᠢᠨ ᠡᠨᠡ ᠠᠶᠤᠮᠰᠢᠭᠲᠤ ᠳᠠᠭᠤᠨ ᠳ᠋ᠤ᠌ ᠲᠡᠮᠦᠵᠢᠨ ᠦ᠌ ᠶᠡᠬᠡ ᠬᠦᠷᠢᠶᠡᠨ ᠳ᠋ᠦ᠍ ᠤᠨᠲᠠᠵᠤ ᠪᠠᠢᠭᠰᠠᠨ ᠪᠦᠬᠦ ᠬᠥᠮᠦᠨ ᠰᠣᠴᠢᠨ ᠰᠡᠷᠡᠵᠡᠢ᠃ ᠵᠠᠮᠤᠬ᠎ᠠ ᠶ᠋ᠢᠨ ᠭᠦᠨ ᠭᠠᠰᠢᠭᠤᠳᠠᠯᠲᠤ ᠳᠠᠭᠤ ᠶᠠᠭ ᠰᠢᠷᠬᠠᠲᠤᠭᠰᠠᠨ ᠬᠥᠮᠦᠨ ᠭᠥᠷᠥᠭᠡᠰᠦ ᠣᠷᠢᠯᠠᠬᠤ ᠰᠢᠭ᠋ ᠰᠣᠨᠣᠰᠤᠭᠳᠠᠭᠰᠠᠭᠠᠷ ᠪᠠᠢᠪᠠ᠃
ᠮᠠᠷᠭᠠᠰᠢ ᠨᠢ ᠵᠠᠮᠤᠬ᠎ᠠ ᠶ᠋ᠢᠨ ᠦᠬᠦᠯ ᠢ᠋ ᠨᠢᠳᠦ ᠪᠡᠷ ᠦᠵᠡᠬᠦ ᠦᠭᠡᠢ ᠭᠡᠵᠦ ᠲᠡᠮᠦᠵᠢᠨ ᠬᠡᠭᠡᠷ᠎ᠡ ᠲᠠᠯ᠎ᠠ ᠤᠷᠤᠭᠤ ᠳᠠᠪᠬᠢᠨ ᠣᠳᠪᠠ᠃ ᠲᠡᠭᠦᠨ ᠢ᠋ ᠶᠠᠪᠤᠭᠰᠠᠨ ᠬᠣᠢᠨ᠎ᠠ ᠪᠤᠭᠤᠷᠴᠢ ᠶ᠋ᠢᠨ ᠵᠢᠭᠠᠪᠤᠷᠢ ᠪᠠᠷ ᠵᠥᠴᠢ ᠵᠠᠮᠤᠬ᠎ᠠ ᠶ᠋ᠢ ᠴᠢᠷᠴᠦ ᠢᠷᠡᠪᠡ᠃ ᠠᠷᠠᠳ ᠣᠯᠠᠨ ᠤ᠋ ᠨᠢᠳᠦᠨ ᠳᠡᠭᠡᠷ᠎ᠡ ᠠᠶᠤᠮᠰᠢᠭᠲᠤ ᠴᠠᠭᠠᠵᠠ ᠪᠠᠷ ᠬᠣᠷᠣᠭᠠᠯᠭᠠᠵᠤ ᠨᠡᠷ᠎ᠡ ᠲᠥᠷᠥ ᠲᠡᠢ ᠦᠬᠦᠬᠦ ᠳᠠᠯᠳᠠ ᠬᠦᠰᠡᠯ ᠨᠢ ᠡᠢᠨ ᠬᠦ᠌ ᠲᠠᠯᠠᠭᠠᠷ ᠪᠣᠯᠵᠤ ᠮᠠᠭᠤᠯᠠᠬᠤ ᠭᠡᠵᠦ ᠪᠣᠢ ᠮᠠᠯ ᠠᠳᠠᠯᠢ ᠲᠡᠭᠦᠨ ᠢ᠋ ᠴᠢᠷᠴᠦ ᠢᠷᠡᠭᠡᠳ ᠬᠡᠳᠦᠬᠡᠨ ᠬᠥᠮᠦᠨ ᠪᠠᠢᠯᠴᠠᠭᠤᠯᠤᠨ ᠦᠬᠦᠭᠦᠯᠬᠦ ᠪᠡᠷ ᠪᠣᠯᠤᠭᠰᠠᠨ ᠳ᠋ᠤ᠌ ᠵᠠᠮᠤᠬ᠎ᠠ ᠠᠶᠤᠭᠰᠠᠨ ᠳ᠋ᠠᠭᠠᠨ ᠪᠤᠰᠤ ᠠᠭᠤᠷᠰᠠᠨ ᠬᠢᠯᠢᠩᠨᠡᠭᠰᠡᠨ ᠳ᠋ᠡᠭᠡᠨ ᠪᠠᠷᠤᠭ ᠠᠮᠢ ᠪᠠᠨ ᠲᠠᠯᠪᠢᠬᠤ ᠰᠢᠬᠠᠵᠤ ᠪᠠᠢᠪᠠ᠃
ᠲᠡᠮᠦᠵᠢᠨ ᠦ᠌ ᠵᠠᠷᠯᠢᠭ ᠪᠣᠯᠭᠠᠭᠰᠠᠨ ᠢ᠋ᠶ᠋ᠠᠷ ᠵᠠᠮᠤᠬ᠎ᠠ ᠶ᠋ᠢ ᠰᠢᠷᠢᠨ ᠲᠤᠯᠤᠮ ᠳ᠋ᠤ᠌ ᠬᠢᠵᠦ ᠪᠦᠲᠡᠭᠡᠵᠦ ᠠᠯᠠᠬᠤ ᠪᠣᠯᠵᠠᠢ᠃ ᠡᠨᠡ ᠪᠣᠯ ᠢᠵᠠᠭᠤᠷᠲᠠᠨ ᠶᠡᠬᠡᠰ ᠲᠦ᠍ ᠣᠨᠣᠭᠳᠠᠳᠠᠭ ᠬᠦᠨᠳᠦᠳᠬᠡᠯ ᠲᠡᠢ ᠦᠬᠦᠯ ᠶᠦᠮ᠃ ᠲᠡᠭᠦᠨ ᠦ᠌ ᠪᠡᠶ᠎ᠡ ᠠᠮᠢᠰᠬᠤᠯ ᠳᠠᠪᠬᠤᠴᠠᠨ ᠲᠡᠯᠴᠢᠯᠡᠵᠦ᠂ ᠣᠷᠢᠯᠠᠬᠤ ᠶ᠋ᠢ ᠵᠥᠪᠬᠡᠨ ᠶᠡᠬᠡ ᠬᠠᠭᠠᠨ ᠤ᠋ ᠨᠥᠬᠥᠳ᠂ ᠬᠥᠪᠡᠭᠦᠳ ᠯᠡ ᠬᠠᠷᠠᠬᠤ ᠶᠣᠰᠣᠲᠠᠢ ᠪᠠᠢᠪᠠ᠃ ᠲᠡᠮᠦᠵᠢᠨ ᠦ᠌ ᠬᠣᠷᠣ ᠰᠢᠷ᠎ᠠ ᠶ᠋ᠢ ᠪᠠᠢᠳᠠᠭ ᠢ᠋ᠶ᠋ᠠᠷ ᠨᠢ ᠮᠠᠯᠲᠠᠵᠤ᠂ ᠬᠠᠮᠤᠭ ᠡᠮᠵᠡᠭ ᠬᠦᠨᠳᠡᠭᠦᠷᠢ ᠪᠣᠯᠭᠠᠨ ᠢ᠋ ᠨᠢ ᠦᠭᠡ ᠶ᠋ᠢᠨ ᠬᠣᠣᠷᠲᠤ ᠵᠢᠳᠠ ᠪᠠᠷ ᠳᠦᠩᠭᠦᠨ ᠬᠢᠯᠢᠩᠨᠡᠭᠦᠯᠦᠭᠡᠳ ᠥᠪᠡᠷ ᠢ᠋ ᠪᠡᠨ ᠠᠶᠤᠮᠰᠢᠭᠲᠠᠢ ᠪᠠᠷ ᠴᠠᠭᠠᠵᠠᠯᠠᠭᠤᠯᠬᠤ ᠭᠡᠰᠡᠨ ᠵᠠᠮᠤᠬ᠎ᠠ ᠶ᠋ᠢᠨ ᠡᠴᠦᠰ ᠦ᠋ᠨ ᠬᠦᠰᠡᠯ ᠡᠢᠨ ᠬᠦ᠌ ᠲᠠᠯᠠᠭᠠᠷ ᠪᠣᠯᠪᠠ᠃ ᠰᠠᠯᠬᠢ ᠮᠡᠲᠦ ᠶᠠᠪᠤᠭᠰᠠᠨ ᠵᠠᠮᠤᠬ᠎ᠠ ᠶ᠋ᠢᠨ ᠠᠮᠢᠳᠤᠷᠠᠯ ᠢ᠋ ᠵᠥᠴᠢ ᠶ᠋ᠢᠨ ᠭᠠᠷ ᠢ᠋ᠶ᠋ᠠᠷ ᠳᠠᠭᠤᠰᠬᠠᠬᠤ ᠭᠡᠵᠦ ᠲᠡᠮᠦᠵᠢᠨ ᠰᠢᠢᠳᠴᠡᠢ᠃ ᠡᠨᠡ ᠪᠣᠯ ᠵᠠᠮᠤᠬ᠎ᠠ ᠶ᠋ᠢᠨ ᠭᠠᠰᠢᠭᠤᠨ ᠦᠭᠡᠨ ᠦ᠌ ᠰᠠᠨᠠᠭ᠎ᠠ ᠲᠠᠢ᠂ ᠤᠬᠠᠭᠠᠨ ᠲᠠᠢ ᠬᠠᠷᠢᠭᠤ ᠪᠣᠯᠬᠤ ᠶ᠋ᠢ ᠵᠠᠮᠤᠬ᠎ᠠ ᠬᠠᠷᠠᠭᠠᠳ ᠣᠢᠯᠠᠭᠠᠵᠠᠢ᠃ ᠡᠴᠢᠭᠡ ᠶ᠋ᠢᠨ ᠵᠠᠷᠯᠢᠭ ᠢ᠋ ᠵᠥᠴᠢ ᠪᠠᠶᠠᠷᠲᠠᠢ ᠪᠠᠷ ᠭᠦᠢᠴᠡᠳᠬᠡᠵᠦ ᠵᠠᠮᠤᠬ᠎ᠠ ᠶ᠋ᠢ ᠲᠤᠯᠤᠮ ᠳ᠋ᠤ᠌ ᠴᠢᠬᠢᠨ ᠣᠷᠣᠭᠤᠯᠤᠭᠠᠳ ᠥᠪᠡᠷ ᠦ᠋ᠨ ᠭᠠᠷ ᠢ᠋ᠶ᠋ᠠᠷ ᠠᠮᠠ ᠶ᠋ᠢ ᠨᠢ ᠪᠣᠭᠣᠵᠠᠢ᠃ ᠵᠠᠮᠤᠬ᠎ᠠ ᠵᠥᠴᠢ ᠳ᠋ᠦ᠍ ᠶᠠᠮᠠᠷ ᠨᠢᠭᠡᠨ ᠬᠣᠷᠣᠨ ᠦᠭᠡ ᠬᠡᠯᠡᠮᠡᠷ ᠪᠠᠢᠭᠰᠠᠨ ᠴᠤ᠌ ᠶᠠᠭᠠᠬᠢᠭᠠᠳ ᠴᠤ᠌ ᠲᠡᠢᠮᠦ ᠦᠭᠡ ᠲᠦᠷᠭᠡᠨ ᠵᠠᠭᠤᠷ᠎ᠠ ᠰᠠᠨᠠᠭᠠᠨ ᠳ᠋ᠤᠨᠢ ᠣᠷᠣᠭᠰᠠᠨ ᠦᠭᠡᠢ᠃ ᠠᠩᠬ᠎ᠠ ᠤᠳᠠᠭ᠎ᠠ ᠢᠩᠭᠢᠵᠦ ᠬᠡᠯᠡ ᠡᠭᠡᠳᠡᠷᠡᠵᠦ᠂ ᠦᠭᠡ ᠭᠠᠴᠢᠬᠤ ᠶ᠋ᠢ ᠵᠠᠮᠤᠬ᠎ᠠ ᠦᠵᠡᠵᠡᠢ᠃ ᠤᠳᠠᠯ ᠦᠭᠡᠢ ᠵᠠᠮᠤᠬ᠎ᠠ ᠦᠬᠦᠵᠦ᠂ ᠰᠦᠨᠡᠰᠦ ᠨᠢ ᠪᠠᠶᠠᠨ ᠠ᠋ᠴᠠ ᠬᠠᠭᠠᠴᠠᠭᠰᠠᠨ ᠴᠤ᠌ ᠶᠠᠪᠤᠭᠰᠠᠨ ᠦᠭᠡᠢ ᠡᠷᠭᠢᠯᠳᠦᠭᠰᠡᠭᠡᠷ ᠪᠠᠢᠯ᠎ᠠ᠃ ᠵᠠᠮᠤᠬ᠎ᠠ ᠠᠮᠢ ᠲᠠᠰᠤᠷᠠᠬᠤ ᠳ᠋ᠠᠭᠠᠨ ᠠᠶᠤᠮᠰᠢᠭᠲᠠᠢ ᠪᠠᠷ ᠬᠠᠰᠬᠢᠷᠤᠭᠰᠠᠨ ᠪᠥᠭᠡᠳ ᠡᠨᠡ ᠳᠠᠭᠤᠨ ᠳ᠋ᠤ᠌ ᠮᠠᠭᠤ ᠬᠥᠮᠦᠨ ᠦ᠌ ᠰᠦᠨᠡᠰᠦ ᠵᠠᠢᠯᠠᠵᠤ ᠮᠣᠷᠢᠳ ᠰᠢᠭᠡᠰᠦ ᠠᠯᠳᠠᠵᠤ ᠪᠠᠢᠪᠠ᠃ ᠬᠠᠷᠢᠨ ᠵᠥᠴᠢ ᠶ᠋ᠢᠨ ᠰᠢᠳᠠᠷ ᠤ᠋ᠳ ᠤ᠋ᠨ ᠨᠢᠭᠡᠨ ᠳ᠋ᠦ᠍ ᠣᠯᠵᠠᠯᠠᠭᠳᠠᠨ ᠣᠴᠢᠭᠰᠠᠨ ᠵᠠᠮᠤᠬ᠎ᠠ ᠶ᠋ᠢᠨ ᠪᠠᠭ᠎ᠠ ᠬᠠᠲᠤᠨ ᠰᠦᠨ ᠭᠡᠭᠡᠨ ᠦ᠌ ᠲᠥᠷᠥᠭᠦᠯᠦᠭᠰᠡᠨ ᠬᠥᠪᠡᠭᠦᠨ ᠬᠡᠵᠢᠶ᠎ᠡ ᠴᠦ᠍ ᠥᠪᠡᠷ ᠦ᠋ᠨ ᠡᠴᠢᠭᠡ ᠶ᠋ᠢ ᠮᠡᠳᠡᠬᠦ ᠬᠤᠪᠢ ᠵᠠᠶᠠᠭ᠎ᠠ ᠦᠭᠡᠢ ᠪᠠᠢᠵᠠᠢ᠃
ᠬᠥᠭᠡᠷᠦᠬᠦᠢ ᠲᠡᠷᠡ ᠪᠦᠰᠡᠭᠦᠢ ᠬᠡᠪᠡᠯᠢ ᠳ᠋ᠡᠬᠢ ᠦᠷ᠎ᠡ ᠡᠴᠡ ᠪᠡᠨ ᠪᠡᠶ᠎ᠡ ᠲᠠᠰᠤᠷᠠᠮᠠᠭᠴᠠ ᠠᠮᠢᠰᠬᠤᠭ᠎ᠠ ᠬᠤᠷᠢᠶᠠᠵᠠᠢ᠃ ᠵᠠᠮᠤᠬ᠎ᠠ ᠴᠤ᠌ ᠬᠦᠰᠡᠯᠡᠩ ᠪᠣᠯᠤᠭᠰᠠᠨ ᠬᠥᠪᠡᠭᠦᠨ ᠢ᠋ᠶ᠋ᠡᠨ ᠲᠥᠷᠥᠭᠰᠡᠨ ᠢ᠋ ᠮᠡᠳᠡᠵᠦ ᠴᠢᠳᠠᠭᠰᠠᠨ ᠦᠭᠡᠢ᠃ ᠬᠡᠷᠪᠡ ᠲᠡᠷᠡ ᠡᠭᠦᠨ ᠢ᠋ ᠮᠡᠳᠡᠭᠰᠡᠨ ᠪᠣᠯ ᠬᠡᠵᠢᠶ᠎ᠡ ᠴᠦ᠍ ᠦᠬᠦᠬᠦ ᠶ᠋ᠢ ᠬᠦᠰᠡᠬᠦ ᠦᠭᠡᠢ ᠪᠠᠢᠪᠠ᠃ ᠭᠡᠪᠡᠴᠦ ᠡᠨᠡ ᠪᠦᠬᠦ ᠭᠠᠴᠢᠯᠠᠩᠲᠤ ᠨᠢᠭᠤᠴᠠ ᠶ᠋ᠢ ᠲᠩᠷᠢ ᠯᠡ ᠮᠡᠳᠡᠬᠦ ᠪᠢᠯᠡ᠃ ᠵᠠᠮᠤᠬ᠎ᠠ ᠶ᠋ᠢ ᠦᠬᠦᠭᠰᠡᠨ ᠦ᠌ ᠬᠣᠢᠨ᠎ᠠ ᠡᠩᠭᠡᠷ ᠭᠠᠵᠠᠷ ᠲᠤ᠌ ᠬᠦᠨᠳᠦᠳᠬᠡᠯ ᠲᠡᠢ ᠪᠡᠷ ᠣᠷᠣᠰᠢᠭᠤᠯᠪᠠ᠃ ᠬᠠᠷᠢᠨ ᠣᠷᠣᠰᠢᠭᠤᠯᠬᠤ ᠶ᠋ᠢ ᠨᠢ ᠲᠡᠮᠦᠵᠢᠨ ᠰᠢᠳᠠᠷ ᠨᠥᠬᠥᠳ ᠦ᠋ᠨ ᠬᠠᠮᠲᠤ ᠬᠠᠷᠠᠵᠤ ᠵᠣᠭᠰᠣᠯ᠎ᠠ᠃ ᠲᠡᠳᠡᠨ ᠦ᠌ ᠬᠡᠨ ᠨᠢ ᠴᠦ᠍ ᠳᠤᠤᠭᠠᠷᠤᠭᠰᠠᠨ ᠦᠭᠡᠢ᠃ ᠲᠡᠮᠦᠵᠢᠨ ᠤᠷᠢᠳ ᠡᠮᠦᠨ᠎ᠡ ᠬᠡᠨ ᠨᠢᠭᠡᠨ ᠢ᠋ ᠦᠬᠦᠬᠦ ᠳ᠋ᠦ᠍ ᠢᠩᠭᠢᠵᠦ ᠬᠠᠷᠠᠭᠤᠰᠤᠨ ᠭᠠᠰᠢᠭᠤᠳᠠᠵᠤ ᠪᠠᠢᠭᠰᠠᠨ ᠢ᠋ᠶ᠋ᠠᠨ ᠰᠠᠨᠠᠬᠤ ᠦᠭᠡᠢ ᠪᠠᠢᠪᠠ᠃ ᠳᠠᠢᠰᠤᠨ ᠢ᠋ᠶ᠋ᠠᠨ ᠦᠬᠦᠬᠦ ᠳ᠋ᠦ᠍ ᠭᠦᠨ ᠬᠠᠷᠠᠮᠰᠠᠯ ᠲᠥᠷᠥᠬᠦ ᠶ᠋ᠢ ᠲᠡᠷᠡ ᠠᠩᠬ᠎ᠠ ᠤᠳᠠᠭ᠎ᠠ ᠮᠡᠳᠡᠷᠡᠪᠡ᠃
ᠣᠳᠣ ᠵᠠᠮᠤᠬ᠎ᠠ ᠭᠡᠭᠴᠢ ᠲᠡᠷᠡ ᠴᠡᠴᠡᠨ ᠴᠡᠯᠮᠡᠭ ᠦᠭᠡ ᠲᠡᠢ᠂ ᠬᠤᠪᠢᠷᠠᠮᠠᠲᠠᠭᠠᠢ ᠣᠯᠠᠨ ᠠᠭᠠᠰᠢ ᠲᠠᠢ ᠬᠥᠮᠦᠨ ᠦᠭᠡᠢ ᠪᠣᠯᠵᠤ ᠣᠷᠣᠨ ᠳ᠋ᠤᠨᠢ ᠲᠣᠮᠣ ᠭᠡᠭᠴᠢ ᠶ᠋ᠢᠨ ᠴᠢᠯᠠᠭᠤ ᠯᠠ ᠭᠠᠵᠠᠷ ᠳᠡᠭᠡᠷ᠎ᠡ ᠬᠣᠴᠣᠷᠪᠠ᠃ ᠲᠡᠮᠦᠵᠢᠨ ᠦ᠌ ᠬᠤᠪᠢ ᠳ᠋ᠤ᠌ ᠵᠠᠮᠤᠬ᠎ᠠ ᠣᠳᠣ ᠴᠤ᠌ ᠦᠬᠦᠭᠡ ᠦᠭᠡᠢ ᠬᠠᠮᠢᠭ᠎ᠠ ᠨᠢᠭᠡᠨᠲᠡ ᠠᠮᠢᠳᠤ ᠶᠠᠪᠤᠭ᠎ᠠ ᠮᠡᠲᠦ ᠰᠠᠨᠠᠭᠳᠠᠨ᠎ᠠ᠃ ᠢᠩᠭᠢᠵᠦ ᠪᠣᠳᠣᠭᠳᠠᠭᠰᠠᠨ ᠤ᠋ ᠤᠴᠢᠷ ᠨᠢ ᠵᠠᠮᠤᠬ᠎ᠠ ᠶ᠋ᠢᠨ ᠰᠦᠨᠡᠰᠦ ᠲᠡᠭᠦᠨ ᠦ᠌ ᠲᠣᠯᠣᠭᠠᠢ ᠳᠡᠭᠡᠭᠦᠷ ᠨᠢ ᠡᠷᠭᠢᠯᠳᠦᠵᠦ ᠪᠠᠢᠭ᠎ᠠ ᠶ᠋ᠢᠨ ᠬᠢ ᠶᠦᠮ᠃ ᠭᠡᠲᠡᠯ᠎ᠡ ᠲᠡᠮᠦᠵᠢᠨ ᠡᠭᠦᠨ ᠢ᠋ ᠦᠵᠡᠬᠦ ᠦᠭᠡᠢ ᠠᠵᠢ᠃ ᠲᠡᠷᠡ ᠪᠡᠷ ᠵᠠᠮᠤᠬ᠎ᠠ ᠶ᠋ᠢᠨ ᠲᠤᠬᠠᠢ ᠭᠠᠰᠢᠭᠤᠳᠠᠨ ᠪᠣᠳᠣᠵᠤ ᠵᠣᠭᠰᠣᠪᠠ᠃ ᠵᠠᠮᠤᠬ᠎ᠠ ᠪᠣᠯ ᠳᠡᠩᠳᠡᠭᠦᠦ ᠬᠦᠴᠦᠲᠡᠢ᠂ ᠳᠡᠩᠳᠡᠭᠦᠦ ᠤᠬᠠᠭᠠᠨ ᠲᠠᠢ ᠳᠠᠢᠰᠤᠨ ᠪᠠᠢᠯ᠎ᠠ᠃ ᠵᠠᠮᠤᠬ᠎ᠠ ᠶ᠋ᠢᠨ ᠳᠠᠢᠰᠤᠩᠨᠠᠬᠤ᠂ ᠨᠥᠬᠥᠷᠯᠡᠬᠦ ᠶ᠋ᠢ ᠢᠯᠭᠠᠬᠤ ᠭᠡᠵᠦ ᠲᠡᠮᠦᠵᠢᠨ ᠣᠯᠠᠨ ᠵᠢᠯ ᠤᠬᠠᠭᠠᠨ ᠢ᠋ᠶ᠋ᠠᠨ ᠣᠬᠣᠭᠰᠠᠨ ᠪᠢᠯᠡ᠃ ᠵᠠᠮᠤᠬ᠎ᠠ ᠬᠠᠷᠢᠨ ᠨᠥᠬᠥᠷ ᠦ᠋ᠨ ᠢ᠋ᠶ᠋ᠡᠨ ᠠᠨᠳᠠᠭᠠᠢ ᠳ᠋ᠤ᠌ ᠦᠨᠡᠨᠴᠢ ᠶᠠᠪᠤᠭᠰᠠᠨ ᠶᠤᠮ᠃ ᠲᠡᠭᠦᠨ ᠦ᠌ ᠡᠨᠡ ᠡᠷᠡᠭᠡᠯᠵᠡᠭᠡ ᠲᠡᠢ᠂ ᠵᠥᠭᠡᠯᠡᠨ᠂ ᠦᠨᠡᠨᠴᠢ ᠰᠡᠳᠬᠢᠯ ᠢ᠋ ᠲᠡᠮᠦᠵᠢᠨ ᠲᠠᠩᠳᠠ ᠪᠠᠨ ᠮᠡᠳᠡᠷᠡᠳᠡᠭ ᠪᠠᠢᠪᠠ᠃ ᠵᠠᠮᠤᠬ᠎ᠠ ᠪᠣᠯ ᠬᠣᠣᠷᠲᠠᠢ᠂ ᠠᠶᠤᠯᠲᠠᠢ᠂ ᠬᠦᠴᠦᠲᠡᠢ ᠳᠠᠢᠰᠤᠨ ᠪᠠᠢᠭᠰᠠᠨ ᠴᠤ᠌ ᠲᠡᠭᠦᠨ ᠳ᠋ᠦ᠍ ᠬᠡᠵᠢᠶ᠎ᠡ ᠴᠦ᠍ ᠡᠷᠭᠢᠯᠲᠡ ᠪᠤᠴᠠᠯᠲᠠ ᠦᠭᠡᠢ ᠪᠡᠷ ᠳᠠᠢᠰᠤᠩᠨᠠᠭᠠ ᠦᠭᠡᠢ ᠪᠢᠯᠡ᠃ ᠠᠨᠳᠠ ᠶ᠋ᠢᠨ ᠦᠨᠡᠨᠴᠢ ᠠᠨᠳᠠᠭᠠᠢ ᠪᠠᠨ ᠮᠠᠷᠲᠠᠵᠤ ᠴᠢᠳᠠᠬᠤ ᠦᠭᠡᠢ ᠵᠥᠭᠡᠯᠡᠨ ᠬᠠᠯᠢᠷᠠᠮᠠᠳᠠᠭᠠᠢ ᠰᠡᠳᠬᠢᠯ ᠦ᠋ᠨ ᠢ᠋ᠶ᠋ᠡᠨ ᠵᠣᠯᠢᠶᠠᠰᠤ ᠪᠣᠯᠵᠤ ᠵᠠᠮᠤᠬ᠎ᠠ ᠢᠯᠠᠭᠳᠠᠪᠠ᠃
ᠬᠠᠭᠠᠨ ᠪᠣᠯᠬᠤ ᠳ᠋ᠤ᠌ ᠬᠠᠲᠠᠭᠤ ᠰᠡᠳᠬᠢᠯ᠂ ᠬᠠᠳᠠᠨ ᠰᠡᠯᠡᠮ᠎ᠡ ᠬᠣᠶᠠᠷ ᠠ᠋ᠴᠠ ᠥᠭᠡᠷ᠎ᠡ ᠨᠥᠬᠥᠷ ᠦᠭᠡᠢ ᠭᠡᠳᠡᠭ ᠢ᠋ ᠲᠡᠮᠦᠵᠢᠨ ᠡᠨᠡ ᠣᠯᠠᠨ ᠣᠨ ᠵᠢᠯ ᠦ᠋ᠳ ᠲᠦ᠍ ᠪᠠᠲᠤ ᠣᠢᠯᠠᠭᠠᠵᠤ ᠠᠪᠤᠭᠰᠠᠨ ᠪᠢᠯᠡ᠃ ᠬᠥᠮᠦᠨ ᠢ᠋᠂ ᠶᠡᠷᠦ ᠬᠡᠨ ᠴᠦ᠍ ᠪᠠᠢᠭᠰᠠᠨ ᠦᠷᠦ ᠡᠪᠡᠳᠴᠦ ᠬᠠᠢᠷᠠᠯᠠᠵᠤ᠂ ᠢᠲᠡᠭᠡᠬᠦ ᠯᠡ ᠶᠦᠮ ᠪᠣᠯ ᠥᠪᠡᠷ ᠢ᠋ᠶ᠋ᠡᠨ ᠨᠢᠭᠡ ᠡᠳᠦᠷ ᠬᠣᠣᠷᠯᠠᠭᠳᠠᠨ ᠵᠠᠮᠤᠬ᠎ᠠ ᠶ᠋ᠢᠨ ᠠᠳᠠᠯᠢ ᠪᠣᠯᠬᠤ ᠶ᠋ᠢ ᠲᠡᠷᠡ ᠪᠡᠷ ᠪᠣᠳᠣᠵᠤ ᠵᠣᠭᠰᠣᠪᠠ᠃ ᠥᠪᠡᠷ ᠡᠴᠡ ᠪᠡᠨ ᠥᠭᠡᠷ᠎ᠡ ᠬᠡᠨ ᠳ᠋ᠦ᠍ ᠴᠦ᠍ ᠬᠠᠲᠠᠭᠤ ᠪᠠᠲᠤ ᠪᠠᠷ ᠢᠲᠡᠭᠡᠵᠦ ᠪᠣᠯᠬᠤ ᠦᠭᠡᠢ᠃ᠬᠠᠭᠠᠨ ᠪᠣᠯᠬᠤ ᠬᠦᠰᠡᠯ᠂ ᠬᠦᠴᠦᠷᠬᠡᠭ ᠪᠠᠢᠬᠤ ᠮᠥᠷᠥᠭᠡᠳᠦᠯ ᠬᠥᠮᠦᠨ ᠪᠦᠷᠢ ᠶ᠋ᠢᠨ ᠰᠡᠳᠬᠢᠯ ᠳ᠋ᠦ᠍ ᠶᠠᠪᠤᠳᠠᠭ ᠲᠤᠯᠠ ᠬᠡᠨ ᠢ᠋ ᠴᠦ᠍ ᠪᠠᠰᠤᠵᠤ᠂ ᠪᠠᠭ᠎ᠠ ᠪᠠᠷ ᠦᠵᠡᠵᠦ ᠪᠣᠯᠬᠤ ᠦᠭᠡᠢ᠃ ᠬᠥᠨᠳᠡᠯᠡᠨ ᠡᠴᠡ ᠦᠵᠡᠪᠡᠯ ᠵᠠᠮᠤᠬ᠎ᠠ ᠶ᠋ᠢ ᠥᠷᠥᠰᠢᠶᠡᠵᠦ᠂ ᠡᠴᠦᠰ ᠲᠦ᠋ᠨᠢ ᠲᠡᠭᠦᠨ ᠦ᠌ ᠬᠦᠰᠡᠯ ᠢ᠋ᠶ᠋ᠡᠷ ᠦᠬᠦᠭᠦᠯᠵᠦ ᠬᠦᠨᠳᠦᠲᠡᠢ ᠣᠷᠣᠰᠢᠭᠤᠯᠤᠭᠰᠠᠨ ᠭᠡᠵᠦ ᠲᠡᠮᠦᠵᠢᠨ ᠢ᠋ ᠵᠢᠷᠤᠮ ᠲᠠᠢ ᠬᠥᠮᠦᠨ ᠦ᠌ ᠶᠣᠰᠣ ᠪᠠᠷ ᠮᠠᠭᠲᠠᠵᠤ᠂ ᠪᠠᠬᠠᠳᠤᠬᠤ ᠶ᠋ᠢ ᠲᠡᠷᠡ ᠰᠠᠢᠨ ᠮᠡᠳᠡᠵᠦ ᠪᠠᠢᠪᠠ᠃ ᠬᠠᠷᠢᠨ ᠨᠢᠭᠡ ᠨᠠᠰᠤ ᠪᠠᠷ ᠲᠡᠭᠦᠨ ᠲᠡᠢ ᠬᠡᠨ ᠨᠢ ᠢᠯᠡᠭᠦᠦ ᠪᠡᠨ ᠦᠵᠡᠬᠦ ᠭᠡᠵᠦ ᠥᠷᠢᠰᠦᠯᠳᠦᠵᠦ ᠲᠡᠮᠡᠴᠡᠵᠦ᠂ ᠲᠡᠮᠦᠵᠢᠨ ᠢ᠋ ᠪᠠᠭ᠎ᠠ ᠪᠠᠯᠴᠢᠷ ᠠ᠋ᠴᠠ ᠠᠪᠤᠭᠠᠳ ᠡᠳᠦᠢ ᠬᠦᠷᠲᠡᠯ᠎ᠡ ᠢᠷᠯᠡᠵᠦ ᠬᠤᠷᠴᠠᠯᠠᠵᠤ ᠶᠠᠪᠤᠭᠰᠠᠨ ᠡᠷᠡᠯᠬᠡᠭ ᠳᠠᠢᠴᠢᠨ ᠵᠠᠮᠤᠬ᠎ᠠ ᠦᠭᠡᠢ ᠪᠣᠯᠵᠤ ᠲᠡᠭᠦᠨ ᠦ᠌ ᠵᠠᠢ ᠡᠨᠡ ᠭᠠᠵᠠᠷ ᠳᠡᠭᠡᠷ᠎ᠡ ᠪᠣᠯᠤᠭᠠᠳ ᠲᠡᠮᠦᠵᠢᠨ ᠦ᠌ ᠠᠮᠢᠳᠤᠷᠠᠯ ᠰᠡᠳᠬᠢᠯ ᠳ᠋ᠦ᠍ ᠬᠠᠷᠠᠯᠠᠨ ᠣᠩᠭᠣᠢᠵᠤ ᠬᠣᠴᠣᠷᠪᠠ᠃ ᠡᠭᠦᠨ ᠢ᠋ ᠬᠡᠨ ᠴᠦ᠍᠂ ᠶᠠᠭᠤ ᠴᠤ᠌᠂ ᠬᠡᠵᠢᠶ᠎ᠡ ᠴᠦ᠍ ᠨᠥᠬᠥᠵᠦ ᠴᠢᠳᠠᠬᠤ ᠦᠭᠡᠢ ᠪᠢᠵᠡ ᠠ᠋᠃ ᠣᠳᠣ ᠡᠨᠡ ᠭᠠᠢᠬᠠᠯᠲᠠᠢ ᠣᠨᠢᠰᠣᠭ᠎ᠠ ᠮᠡᠲᠦ ᠬᠥᠮᠦᠨ ᠦ᠌ ᠰᠦᠨᠡᠰᠦ ᠯᠡ ᠲᠡᠭᠷᠢ ᠳ᠋ᠦ᠍ ᠭᠣᠮᠣᠳᠠᠯᠲᠠᠢ ᠪᠠᠷ ᠬᠣᠷᠭᠣᠳᠠᠨ ᠡᠷᠭᠢᠯᠳᠦᠵᠦ ᠡᠨᠡ ᠡᠵᠡᠭᠦᠢ ᠠᠭᠤᠯᠠ ᠶ᠋ᠢᠨ ᠡᠩᠭᠡᠷ ᠲᠦ᠍ ᠵᠠᠮᠤᠬ᠎ᠠ ᠶ᠋ᠢ ᠣᠷᠣᠯᠠᠭᠰᠠᠨ ᠰᠦᠷᠯᠢᠭ ᠲᠣᠮᠣ ᠴᠢᠯᠠᠭᠤ ᠴᠢᠪ ᠴᠢᠮᠡᠭᠡ ᠦᠭᠡᠢ ᠬᠣᠴᠣᠷᠪᠠ᠃ ᠭᠡᠪᠡᠴᠦ ᠡᠨᠡ ᠴᠢᠯᠠᠭᠤ ᠲᠡᠮᠦᠵᠢᠨ ᠦ᠌ ᠢᠯᠠᠯᠲᠠ ᠶ᠋ᠢᠨ ᠪᠡᠯᠭᠡ ᠲᠡᠮᠳᠡᠭ ᠪᠢᠰᠢ ᠭᠡᠳᠡᠭ ᠢ᠋ ᠲᠡᠷᠡ ᠣᠢᠯᠠᠭᠠᠵᠤ ᠪᠠᠢᠪᠠ᠃ ᠬᠠᠷᠢᠨ ᠬᠥᠮᠦᠨ ᠳ᠋ᠦ᠍ ᠥᠪᠡᠷ ᠡᠴᠡ ᠨᠢ ᠢᠯᠡᠭᠦᠦ ᠠᠶᠤᠯ ᠲᠠᠢ ᠳᠠᠢᠰᠤᠨ ᠪᠠᠢᠳᠠᠭ ᠦᠭᠡᠢ ᠶ᠋ᠢ ᠲᠡᠮᠦᠵᠢᠨ ᠣᠢᠯᠠᠭᠠᠨ ᠪᠣᠳᠣᠵᠤ ᠪᠠᠢᠯ᠎ᠠ᠃ ᠶᠠᠭ ᠡᠨᠡ ᠦᠶ᠎ᠡ ᠳ᠋ᠦ᠍ ᠵᠠᠮᠤᠬ᠎ᠠ ᠶ᠋ᠢᠨ ᠰᠦᠨᠡᠰᠦ ᠶ᠋ᠢ ᠬᠥᠭᠡᠭᠡᠨ ᠵᠠᠢᠯᠠᠭᠤᠯᠬᠤ ᠭᠡᠵᠦ ᠳᠠᠪ ᠲᠡᠭᠷᠢ ᠬᠡᠩᠭᠡᠷᠭᠡ ᠪᠡᠨ ᠳᠡᠯᠡᠳᠴᠦ ᠡᠬᠢᠯᠡᠬᠦ ᠳ᠋ᠦ᠍ ᠪᠦᠭᠦᠳᠡ ᠬᠣᠯᠠᠳᠤᠨ ᠶᠠᠪᠤᠵᠠᠭᠠᠪᠠ᠃
— — — —
① ᠬᠥᠮᠦᠨ ᠳ᠋ᠦ᠍ ᠲᠠᠯ᠎ᠠ ᠵᠠᠰᠠᠭᠴᠢ᠂ ᠪᠢᠯᠳᠠᠤᠴᠢᠯᠠᠳᠠᠭ᠂ ᠲᠣᠯᠢᠬᠨᠠᠭᠤᠷ ᠵᠠᠩ ᠲᠠᠢ ᠬᠥᠮᠦᠨ᠃
② ᠬᠦ᠌ ᠳᠦᠷᠭᠢᠭᠦᠯᠬᠦ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂
ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂
ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ᠂ ᠭᠠᠷᠮ᠎ᠠ᠂ ᠨᠠᠷᠠᠨ᠂
ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ
