ᠵᠠᠮᠤᠬ᠎ᠠ-ᠦᠯᠦ ᠮᠠᠷᠲᠠᠭᠳᠠᠬᠤ ᠪᠡᠯᠡᠭ-ᠴᠢᠩᠭᠢᠰ ᠬᠠᠭᠠᠨ ᠊ᠤ᠌ ᠨᠢᠭᠤᠴᠠ ᠲᠡᠦᠬᠡ04Жамух-Өл мартагдах балаг-Чингис хаан оо нууц түүх
ᠵᠠᠮᠤᠬ᠎ᠠ-ᠦᠯᠦ ᠮᠠᠷᠲᠠᠭᠳᠠᠬᠤ ᠪᠡᠯᠡᠭ
ᠦᠯᠦ ᠮᠠᠷᠲᠠᠭᠳᠠᠬᠤ ᠪᠡᠯᠡᠭ
ᠲᠡᠮᠦᠵᠢᠨ ᠦ᠌ ᠴᠡᠷᠢᠭ ᠲᠦ᠍ ᠲᠠᠢᠯᠳᠠᠵᠤ ᠪᠤᠲᠠᠷᠠᠭᠰᠠᠨ ᠮᠡᠷᠭᠢᠳ᠂ ᠬᠡᠷᠡᠢᠳ᠂ ᠣᠢᠷᠠᠳ᠂ ᠲᠠᠲ᠋ᠠᠷ᠂ ᠰᠠᠯᠵᠢᠭᠤᠳ᠂ ᠵᠠᠳᠠᠷᠠᠨ ᠠᠢᠮᠠᠭ ᠤ᠋ᠨ ᠦᠯᠡᠳᠡᠭᠳᠡᠯ ᠣᠳᠣᠬᠠᠨ ᠳ᠋ᠠᠭᠠᠨ ᠪᠦᠷᠢᠨ ᠮᠡᠨᠳᠦ ᠪᠠᠢᠭ᠎ᠠ ᠨᠠᠢ᠍ᠮᠠᠨ ᠠᠢᠮᠠᠭ ᠤ᠋ᠨ ᠳᠠᠶᠠᠨ ᠬᠠᠨ ᠢ᠋ ᠪᠠᠷᠠᠳᠠᠨ ᠨᠢᠭᠡᠳᠦᠭᠡᠳ ᠪᠠᠢᠭᠰᠠᠨ ᠨᠢ1204 ᠣᠨ ᠤ᠋ ᠵᠤᠨ ᠪᠠᠢᠯ᠎ᠠ᠃ᠲᠡᠳᠡᠨ ᠦ᠌ ᠨᠢᠭᠡᠳᠦᠭᠰᠡᠨ ᠴᠡᠷᠢᠭ ᠬᠡᠷᠦᠯᠦᠨ ᠮᠥᠷᠡᠨ ᠡᠴᠡ ᠤᠷᠤᠭᠰᠢ ᠭᠠᠵᠠᠷ ᠲᠤ᠌ ᠲᠡᠮᠦᠵᠢᠨ ᠦ᠌ ᠴᠡᠷᠢᠭ ᠲᠡᠢ ᠲᠤᠯᠵᠤ ᠤᠳᠤᠷᠢᠳᠤᠯᠭ᠎ᠠ᠂ ᠵᠣᠷᠢᠯᠭ᠎ᠠ ᠰᠤᠯᠠ ᠲᠤᠯᠠ ᠶᠡᠬᠡᠳᠡ ᠳᠠᠷᠤᠭᠳᠠᠨ ᠰᠠᠴᠤᠭᠰᠠᠨ ᠱᠠᠭᠠᠢ ᠰᠢᠭ᠋ ᠲᠠᠷᠠᠵᠠᠢ᠃ᠬᠠᠷᠢᠨ ᠵᠠᠮᠤᠬ᠎ᠠ ᠳᠠᠶᠠᠨ ᠬᠠᠨ ᠤ᠋ ᠴᠡᠷᠢᠭ ᠦ᠋ᠨ ᠦᠯᠡᠳᠡᠭᠳᠡᠯ ᠦ᠋ᠨ ᠬᠠᠮᠲᠤ ᠠᠯᠲᠠᠢ ᠶ᠋ᠢᠨ ᠨᠢᠷᠤᠭᠤ ᠲᠡᠢᠰᠢ ᠵᠢᠭᠤᠲᠠᠵᠠᠢ᠃ᠤᠯᠤᠰ ᠢ᠋ᠶ᠋ᠠᠨ ᠠᠯᠲᠠᠨ ᠳᠣᠷᠣᠢᠲᠠᠭᠰᠠᠨ ᠵᠠᠮᠤᠬ᠎ᠠ ᠥᠪᠡᠷ ᠦ᠋ᠨ ᠡᠴᠦᠰ ᠦ᠋ᠨ ᠰᠦᠢᠷᠡᠯ ᠢᠷᠡᠭᠰᠡᠨ ᠢ᠋ ᠲᠣᠪ ᠲᠣᠳᠣ ᠣᠢᠯᠠᠭᠠᠵᠤ ᠪᠠᠢᠯ᠎ᠠ᠃ᠭᠤᠷᠪᠠᠨ ᠡᠳᠦᠷ ᠵᠣᠭᠰᠣᠯᠲᠠ ᠦᠭᠡᠢ ᠵᠢᠭᠤᠲᠠᠭᠠᠵᠤ ᠨᠢᠭᠡᠨ ᠶᠡᠬᠡ ᠬᠠᠳᠠ ᠲᠠᠢ ᠠᠭᠤᠯᠠ ᠶ᠋ᠢᠨ ᠥᠪᠥᠷ ᠦ᠋ᠨ ᠮᠣᠳᠣ ᠲᠠᠢ᠂ ᠤᠰᠤ ᠲᠠᠢ ᠠᠮᠠᠨ ᠳ᠋ᠤ᠌ ᠲᠦᠷ ᠪᠠᠭᠤᠳᠠᠯᠯᠠᠬᠤ ᠵᠠᠭᠤᠷ᠎ᠠ ᠵᠠᠮᠤᠬ᠎ᠠ ᠲᠤᠭ ᠬᠢᠬᠦ ᠳ᠋ᠡᠭᠡᠨ ᠨᠢᠭᠡᠨ ᠬᠠᠴᠢᠷᠬᠠᠯᠲᠠᠢ ᠵᠡᠭᠦᠳᠦ ᠵᠡᠭᠦᠳᠦᠯᠡᠭᠡᠳ ᠰᠡᠷᠡᠯ᠎ᠡ᠃
ᠳᠡᠭᠡᠷ᠎ᠡ ᠪᠦᠷᠬᠦᠭ ᠲᠩᠷᠢ ᠪᠦᠦᠳᠡᠢᠵᠦ ᠨᠠᠮᠤᠷ ᠤ᠋ᠨ ᠬᠦᠢᠲᠡᠨ ᠪᠣᠷᠣᠭ᠎ᠠ ᠴᠠᠰᠤ ᠬᠣᠯᠢᠯᠳᠤᠨ ᠣᠷᠣᠵᠤ ᠪᠠᠢᠵᠠᠢ᠃ᠬᠠᠷᠢᠨ ᠵᠠᠮᠤᠬ᠎ᠠ ᠶ᠋ᠢᠨ ᠦᠨᠡᠨᠴᠢ ᠪᠣᠭᠣᠯ ᠬᠠᠨᠲᠡᠮᠦᠷ ᠡᠵᠡᠨ ᠢ᠋ᠶ᠋ᠡᠨ ᠴᠠᠰᠤ ᠪᠣᠷᠣᠭᠠᠨ ᠡᠴᠡ ᠬᠠᠯᠬᠠᠯᠠᠨ ᠡᠯᠪᠡᠭ ᠬᠠᠨᠲᠠᠭᠠᠵᠠ ᠪᠠᠨ ᠲᠠᠢᠯᠤᠨ ᠪᠠᠷᠢᠭᠠᠳ ᠵᠣᠭᠰᠣᠭᠰᠠᠭᠠᠷ ᠪᠠᠢᠬᠤ ᠶ᠋ᠢ ᠦᠵᠡᠪᠡ᠃ᠳᠡᠷᠭᠡᠳᠡ ᠡᠴᠡ ᠰᠢᠷᠠᠭᠰᠠᠨ ᠮᠢᠬ᠎ᠠ ᠦᠨᠦᠷᠲᠦᠵᠦ ᠥᠯᠥᠰᠦᠭᠰᠡᠨ ᠬᠣᠳᠣᠭᠣᠳᠣ ᠶ᠋ᠢ ᠳᠠᠭᠤᠳᠠᠨ᠎ᠠ᠃ᠵᠠᠮᠤᠬ᠎ᠠ ᠰᠡᠷᠡᠮᠡᠭᠴᠡ ᠦᠰᠦᠷᠦᠨ ᠪᠣᠰᠤᠭᠰᠠᠨ ᠦᠭᠡᠢ᠃ᠰᠠᠶᠢ ᠦᠵᠡᠭᠰᠡᠨ ᠵᠡᠭᠦᠳᠦ ᠪᠡᠨ ᠲᠣᠭᠲᠠᠭᠠᠬᠤ ᠭᠡᠵᠦ ᠨᠢᠭᠡ ᠪᠥᠷᠢᠴᠢᠯᠡᠨ ᠨᠡᠬᠡᠨ ᠰᠠᠨᠠᠬᠤ ᠭᠡᠵᠦ ᠬᠦᠴᠦᠯᠡᠨ ᠣᠷᠣᠯᠳᠣᠪᠠ᠃
《᠁ ᠲᠤᠯᠤᠯᠳᠤᠭᠠᠨ ᠤ᠋ ᠳᠠᠷᠠᠭ᠎ᠠ ᠵᠠᠮᠤᠬ᠎ᠠ ᠠᠮᠠᠷᠠᠵᠤ ᠬᠡᠪᠲᠡᠲᠡᠯ᠎ᠡ ᠲᠣᠭᠣᠷᠢᠭᠰᠠᠨ ᠣᠯᠠᠨ ᠬᠠᠷᠠᠭᠤᠯ ᠤ᠋ᠨ ᠬᠠᠮᠢᠭᠠᠭᠤᠷ ᠨᠢ ᠣᠷᠣᠭᠠᠳ ᠢᠷᠡᠭᠰᠡᠨ ᠶᠤᠮ ᠪᠤᠤ ᠮᠡᠳᠡ ᠴᠢᠷᠠᠢ ᠵᠢᠰᠦ ᠨᠢ ᠶᠡᠦᠳᠡᠨ ᠳᠣᠣᠷ᠎ᠠ ᠡᠴᠡ ᠦᠯᠦ ᠬᠠᠷᠠᠭᠳᠠᠬᠤ ᠨᠢᠭᠡᠨ ᠬᠥᠮᠦᠨ ᠳᠡᠷᠭᠡᠳᠡ ᠨᠢ ᠵᠣᠭᠰᠣᠵᠤ ᠪᠠᠢᠬᠤ ᠶ᠋ᠢ ᠦᠵᠡᠭᠡᠳ ᠴᠣᠴᠢᠵᠤ ᠰᠡᠯᠡᠮ᠎ᠡ ᠪᠡᠨ ᠰᠢᠭᠦᠷᠦᠨ ᠪᠣᠰᠴᠠᠢ᠃ᠬᠠᠮᠤᠭ ᠡᠴᠡ ᠲᠦᠷᠦᠭᠦᠯᠡᠨ ᠬᠣᠣᠷᠯᠠᠬᠤ ᠳᠠᠢᠰᠤᠨ ᠰᠠᠨᠠᠭᠠᠨ ᠳ᠋ᠤ᠌ ᠣᠷᠣᠪᠠ᠃
— ᠴᠢ ᠶᠠᠭᠤᠨ ᠬᠥᠮᠦᠨ ᠪᠣᠢ? ᠮᠢᠨᠦ ᠬᠠᠷᠠᠭᠤᠯ ᠤ᠋ᠨ ᠬᠠᠮᠢᠭᠠᠭᠤᠷ ᠨᠡᠪᠲᠡᠷᠡᠪᠡ? ᠭᠡᠵᠦ ᠵᠠᠮᠤᠬ᠎ᠠ ᠲᠡᠩᠬᠡᠭᠡ ᠮᠡᠳᠡᠨ ᠣᠷᠢᠯᠠᠲᠠᠯᠠ ᠳᠠᠭᠤ ᠨᠢ ᠰᠢᠪᠡᠨᠡᠬᠦ ᠰᠢᠭ ᠰᠣᠨᠣᠰᠤᠭᠳᠠᠨ᠎ᠠ᠃ᠳᠠᠭᠤ ᠨᠢ ᠡᠢᠮᠦ ᠥᠴᠦᠬᠡᠨ ᠪᠣᠯᠤᠭᠰᠠᠨ ᠢ᠋ ᠮᠡᠳᠡᠮᠡᠭᠴᠡ ᠵᠠᠮᠤᠬ᠎ᠠ ᠤᠴᠢᠷ ᠦᠭᠡᠢ ᠶᠡᠬᠡ ᠪᠡᠷ ᠬᠢᠷᠳ᠋ᠬᠢᠨ ᠰᠣᠴᠢᠵᠠᠢ᠃
— ᠴᠢ ᠬᠡᠨ ᠪᠣᠢ? ᠭᠡᠵᠦ ᠬᠤᠯᠤᠭᠠᠨ᠎ᠠ ᠶ᠋ᠢᠨ ᠳᠠᠭᠤ ᠪᠠᠷ ᠰᠢᠪᠡᠨᠡᠪᠡ᠃
ᠥᠨᠥ ᠬᠥᠮᠦᠨ ᠶᠡᠦᠳᠡᠨ ᠢ᠋ᠶ᠋ᠡᠨ ᠲᠠᠢᠯᠬᠤ ᠶ᠋ᠢ ᠦᠵᠡᠪᠡᠯ ᠣᠯᠠᠨ ᠵᠢᠯ ᠦ᠋ᠨ ᠡᠮᠦᠨ᠎ᠡ ᠳᠣᠷᠣᠨᠠᠲᠤ ᠮᠣᠩᠭᠣᠯ ᠤ᠋ᠨ ᠶᠡᠬᠡ ᠲᠠᠯ᠎ᠠ ᠶ᠋ᠢᠨ ᠳᠤᠮᠳᠠᠬᠢ ᠬᠠᠯᠢᠭᠤᠨ ᠥᠨᠳᠥᠷ ᠬᠡᠮᠡᠬᠦ ᠥᠨᠥᠴᠢᠨ ᠲᠣᠯᠣᠭᠠᠢ ᠶ᠋ᠢᠨ ᠣᠷᠣᠢ ᠳ᠋ᠤ᠌ ᠠᠭᠤᠯᠵᠠᠭᠰᠠᠨ ᠠᠷᠪᠠᠨ ᠨᠠᠢ᠍ᠮᠠᠨ ᠨᠠᠰᠤᠲᠠᠢ ᠪᠥᠷᠲᠡ ᠪᠠᠢᠬᠤ ᠠᠵᠢ᠃ᠵᠠᠮᠤᠬ᠎ᠠ ᠬᠥᠭᠰᠢᠷᠡᠵᠦ ᠰᠠᠬᠠᠯ ᠦᠰᠦᠨ ᠳ᠋ᠡᠭᠡᠨ ᠪᠠᠷᠢᠭᠳᠠᠭᠰᠠᠨ ᠠᠲᠠᠯ᠎ᠠ ᠬᠠᠷᠢᠨ ᠪᠥᠷᠲᠡ ᠣᠭᠲᠣ ᠥᠭᠡᠷᠡᠴᠢᠯᠡᠭᠳᠡᠭᠡ ᠦᠭᠡᠢ ᠴᠡᠯ ᠵᠠᠯᠠᠭᠤ᠂ ᠦᠵᠡᠰᠬᠦᠯᠡᠩ ᠭᠤᠸ᠎ᠠ ᠬᠡᠪ ᠢ᠋ᠶ᠋ᠡᠷ ᠪᠠᠢᠬᠤ ᠨᠢ ᠭᠠᠢᠬᠠᠮᠠᠷ᠃ᠣᠭᠲᠣ ᠬᠤᠪᠢᠷᠠᠵᠤ ᠥᠭᠡᠷᠡᠴᠢᠯᠡᠭᠳᠡᠭᠡ ᠦᠭᠡᠢ ᠪᠥᠷᠲᠡ ᠶ᠋ᠢ ᠦᠵᠡᠭᠡᠳ ᠵᠠᠮᠤᠬ᠎ᠠ ᠰᠠᠶᠢ ᠯᠠ ᠬᠡᠴᠢᠨᠡᠨ ᠬᠥᠭᠰᠢᠷᠡᠵᠦ ᠥᠲᠡᠯᠦᠭᠰᠡᠨ ᠢ᠋ᠶ᠋ᠡᠨ ᠮᠡᠳᠡᠪᠡ᠃
— ᠬᠥᠷ ᠬᠠᠭᠠᠨ᠃ᠲᠠ ᠨᠠᠮᠠᠶ᠋ᠢ ᠲᠠᠨᠢᠬᠤ ᠦᠭᠡᠢ ᠪᠠᠢᠨ᠎ᠠ ᠤᠤ?
ᠬᠦᠢᠲᠡᠨ ᠠᠭᠠᠷ ᠲᠤ᠌ ᠪᠥᠷᠲᠡ ᠶ᠋ᠢᠨ ᠢᠯᠳᠠᠮ ᠳᠠᠭᠤ ᠬᠤᠭᠤᠷ ᠬᠥᠭᠵᠢᠮ ᠲᠠᠲᠠᠬᠤ ᠰᠢᠭ᠋ ᠤᠶᠠᠩᠭᠠᠯᠠᠪᠠ᠃ᠪᠥᠷᠲᠡ ᠶ᠋ᠢᠨ ᠵᠥᠭᠡᠯᠡᠨ ᠤᠶᠠᠩᠭᠠᠲᠤ ᠳᠠᠭᠤᠨ ᠳ᠋ᠤ᠌ ᠤᠶᠠᠷᠠᠬᠤ ᠮᠡᠲᠦ ᠴᠠᠰᠤᠨ ᠳᠣᠣᠷ᠎ᠠ ᠡᠴᠡ ᠴᠡᠩᠬᠡᠷ ᠢᠷᠭᠤᠢ ᠰᠤᠭᠤ ᠰᠤᠭᠤ ᠤᠷᠭᠤᠬᠤ ᠶ᠋ᠢ ᠲᠡᠷᠡ ᠬᠠᠷᠠᠵᠠᠢ᠃
— ᠲᠡᠢᠮᠦ ᠠ᠋᠃ᠪᠢ ᠴᠢᠮᠠᠶ᠋ᠢ ᠲᠠᠨᠢᠵᠤ ᠪᠠᠢᠨ᠎ᠠ᠃ᠴᠢ ᠮᠢᠨᠦ ᠡᠨᠡ ᠣᠯᠠᠨ ᠬᠠᠷᠠᠭᠤᠯ ᠢ᠋ ᠬᠡᠷᠬᠢᠨ ᠨᠡᠪᠲᠡᠷᠡᠨ ᠢᠷᠡᠪᠡ? ᠭᠡᠵᠦ ᠵᠠᠮᠤᠬ᠎ᠠ ᠭᠠᠢᠬᠠᠭᠰᠠᠨ ᠬᠡᠪ ᠢ᠋ᠶ᠋ᠡᠷ ᠠᠰᠠᠭᠤᠪᠠ᠃
— ᠪᠢ ᠣᠳᠣ ᠭᠠᠭᠴᠠᠬᠠᠨ ᠬᠥᠷ ᠬᠠᠭᠠᠨ ᠲᠠᠨ ᠳ᠋ᠤ᠌ ᠬᠠᠷᠠᠭᠳᠠᠵᠤ ᠪᠣᠢ᠃ᠲᠠ ᠰᠠᠨᠠᠭ᠎ᠠ ᠪᠦᠦ ᠵᠣᠪᠠ ᠭᠡᠵᠦ ᠪᠥᠷᠲᠡ ᠬᠡᠯᠡᠭᠰᠡᠨ ᠴᠦ᠍ ᠵᠠᠮᠤᠬ᠎ᠠ ᠡᠷᠡᠭᠡᠯᠵᠡᠭᠰᠡᠭᠡᠷ ᠪᠠᠢᠯ᠎ᠠ᠃
— ᠴᠢ ᠶᠠᠭᠠᠬᠢᠬᠤ ᠭᠡᠵᠦ ᠢᠷᠡᠪᠡ? ᠲᠡᠮᠦᠵᠢᠨ ᠴᠢᠮᠠᠶ᠋ᠢ ᠶᠠᠪᠤᠭᠤᠯᠪᠠ ᠤᠤ? ᠭᠡᠵᠦ ᠵᠠᠮᠤᠬ᠎ᠠ ᠭᠡᠨᠡᠳᠲᠡ ᠤᠴᠢᠷ ᠢ᠋ ᠣᠯᠵᠤ ᠰᠢᠪᠡᠨᠡᠪᠡ᠃
— ᠦᠭᠡᠢ᠂ ᠪᠢ ᠥᠪᠡᠷ ᠢ᠋ᠶ᠋ᠡᠨ ᠬᠥᠷ ᠬᠠᠭᠠᠨ ᠲᠠᠨ ᠲᠠᠢ ᠠᠭᠤᠯᠵᠠᠬᠤ ᠭᠡᠵᠦ ᠢᠷᠡᠯ᠎ᠡ᠃ᠲᠠ ᠶᠠᠭᠤᠨ ᠳ᠋ᠤ᠌ ᠢᠩᠭᠢᠲᠡᠯ᠎ᠡ ᠪᠡᠨ ᠭᠠᠢᠬᠠᠨ᠎ᠠ ᠪᠣᠢ?
— ᠶᠠᠭᠤᠨ ᠤ᠋ ᠤᠴᠢᠷ ᠲᠡᠷᠡ ᠪᠣᠢ? ᠨᠠᠳᠠᠳᠤ ᠪᠥᠷᠲᠡ ᠴᠢᠮ᠎ᠠ ᠲᠠᠢ ᠠᠭᠤᠯᠵᠠᠬᠤ ᠬᠡᠷᠡᠭ ᠶᠡᠷᠦ ᠦᠭᠡᠢ ᠰᠢᠭ ᠰᠠᠨᠠᠬᠤ ᠶᠤᠮ᠃
— ᠬᠥᠷ ᠬᠠᠭᠠᠨ᠃ᠲᠠ ᠪᠣᠯ ᠮᠣᠩᠭᠣᠯ ᠠᠢᠮᠠᠭ ᠤ᠋ᠨ ᠳᠣᠲᠣᠷ᠎ᠠ ᠡᠴᠡ ᠲᠣᠳᠣᠷᠠᠭᠰᠠᠨ ᠤᠬᠠᠭᠠᠨ ᠶᠡᠬᠡ᠂ ᠦᠭᠡ ᠴᠡᠴᠡᠨ᠂ ᠵᠣᠷᠢᠭᠲᠤ ᠪᠠᠭᠠᠲᠤᠷ᠃ᠡᠭᠦᠨ ᠢ᠋ ᠬᠡᠨ ᠦᠭᠡᠢᠰᠬᠡᠨ ᠨᠢᠴᠤᠭᠠᠬᠤ ᠪᠢᠯᠡ᠃ᠲᠠ ᠣᠯᠠᠨ ᠤ᠋ ᠳᠤᠮᠳᠠ ᠵᠠᠮᠤᠬ᠎ᠠ ᠴᠡᠴᠡᠨ ᠭᠡᠵᠦ ᠠᠯᠳᠠᠷᠰᠢᠭᠰᠠᠨ ᠪᠢᠰᠢ᠂ ᠲᠡᠮᠦᠵᠢᠨ ᠲᠠᠨ ᠤ᠋ ᠦᠬᠦᠯ ᠢ᠋ ᠦᠯᠦ ᠬᠦᠰᠡᠨ᠎ᠡ᠃ᠲᠠ ᠶᠠᠭᠤᠨ ᠳ᠋ᠤ᠌ ᠢᠩᠭᠢᠵᠦ ᠠᠮᠢ ᠪᠠᠨ ᠵᠣᠯᠢᠵᠤ᠂ ᠠᠯᠳᠠᠭᠤᠯ ᠵᠠᠪᠬᠠᠭᠤᠯ ᠬᠤᠯᠠᠭᠠᠢᠴᠢ ᠰᠢᠭ᠋ ᠬᠥᠮᠦᠨ ᠬᠥᠮᠦᠨ ᠦ᠌ ᠳᠡᠷᠭᠡᠳᠡ ᠣᠴᠢᠵᠤ ᠬᠦ ᠰᠢᠭ ᠰᠠᠨᠠᠭ᠎ᠠ ᠡᠪᠦᠷᠯᠡᠵᠦ ᠶᠠᠪᠤᠨ᠎ᠠ ᠪᠣᠢ? ᠲᠠ ᠲᠡᠮᠦᠵᠢᠨ ᠳ᠋ᠦ᠍ ᠣᠴᠢᠵᠤ ᠴᠢᠩ ᠰᠡᠳᠬᠢᠯ ᠢ᠋ᠶ᠋ᠡᠷ ᠵᠢᠳᠬᠦᠭᠲᠦᠨ᠃ᠲᠠ ᠬᠣᠶᠠᠷ ᠨᠢᠭᠡᠳᠬᠦ ᠠᠪᠠᠰᠤ ᠮᠣᠩᠭᠣᠯ ᠤ᠋ᠨ ᠲᠠᠯ᠎ᠠ ᠨᠤᠲᠤᠭ ᠲᠤ᠌ ᠳᠡᠢᠯᠦᠭᠳᠡᠰᠢ ᠦᠭᠡᠢ ᠬᠦᠴᠦᠲᠡᠢ ᠪᠣᠯᠬᠤ ᠪᠢᠰᠢ ᠤᠤ? ᠲᠠᠨ ᠢ᠋ ᠰᠢᠳᠠᠷᠯᠠᠨ ᠣᠴᠢᠪᠠᠰᠤ ᠲᠡᠮᠦᠵᠢᠨ ᠪᠠᠶᠠᠷᠲᠠᠢ ᠤᠭᠲᠤᠨ᠎ᠠ᠃ᠪᠢ ᠡᠭᠦᠨ ᠢ᠋ ᠲᠠᠨ ᠳ᠋ᠤ᠌ ᠬᠡᠯᠡᠬᠦ ᠭᠡᠵᠦ ᠢᠷᠡᠯ᠎ᠡ᠃ᠪᠢ ᠠᠩᠬ᠎ᠠ ᠬᠠᠯᠢᠭᠤᠨ ᠥᠨᠳᠥᠷ ᠦ᠋ᠨ ᠣᠷᠣᠢ ᠳ᠋ᠤ᠌ ᠠᠭᠤᠯᠵᠠᠭᠰᠠᠨ ᠵᠠᠮᠤᠬ᠎ᠠ ᠲᠠᠨ ᠢ᠋ ᠮᠠᠷᠲᠠᠭ᠎ᠠ ᠦᠭᠡᠢ ᠪᠠᠢᠨ᠎ᠠ᠃ᠲᠠ ᠪᠣᠯ ᠴᠠᠭᠠᠨ ᠴᠠᠢᠯᠭᠠᠨ᠂ ᠡᠨᠡᠷᠢᠩᠭᠦᠢ ᠰᠠᠢᠬᠠᠨ ᠰᠡᠳᠬᠢᠯ ᠲᠡᠢ ᠬᠥᠮᠦᠨ ᠰᠢᠦ᠃ᠣᠳᠣ ᠴᠤ᠌ ᠪᠢ ᠲᠠᠨ ᠢ᠋ ᠲᠡᠢᠮᠦ ᠬᠡᠪ ᠢ᠋ᠶ᠋ᠡᠷ ᠭᠡᠵᠦ ᠰᠠᠨᠠᠬᠤ ᠲᠤᠯᠠ ᠳᠡᠭᠡᠷᠡᠬᠢ ᠦᠭᠡᠰ ᠢ᠋ ᠬᠡᠯᠡᠵᠦ ᠪᠠᠢᠨ᠎ᠠ ᠭᠡᠵᠦ ᠬᠡᠯᠡᠭᠡᠳ ᠦᠵᠡᠰᠬᠦᠯᠡᠩᠲᠦ ᠪᠥᠷᠲᠡ ᠢᠨᠢᠶᠡᠮᠰᠦᠭᠯᠡᠪᠡ᠃ᠲᠡᠭᠦᠨ ᠦ᠌ ᠢᠩᠭᠢᠵᠦ ᠢᠯᠳᠠᠮ ᠢᠨᠢᠶᠡᠮᠰᠦᠭᠯᠡᠬᠦ ᠨᠢ ᠲᠡᠮᠦᠵᠢᠨ ᠳ᠋ᠦ᠍ ᠢᠯᠠᠭᠳᠠᠨ ᠮᠥᠬᠥᠵᠦ ᠪᠠᠢᠭ᠎ᠠ ᠵᠠᠮᠤᠬ᠎ᠠ ᠶ᠋ᠢ ᠳᠠᠪᠠᠯᠠᠵᠤ ᠪᠠᠢᠬᠤ ᠰᠢᠭ᠋ ᠰᠠᠨᠠᠭᠳᠠᠨ᠎ᠠ᠃
— ᠪᠥᠷᠲᠡ᠃ᠴᠢ ᠡᠨᠡ ᠦᠭᠡ ᠶ᠋ᠢ ᠬᠡᠨ ᠳ᠋ᠦ᠍ ᠬᠡᠯᠡᠨ᠎ᠡ ᠪᠣᠢ? ᠵᠠᠳᠠᠷᠠᠨ ᠠᠢᠮᠠᠭ ᠤ᠋ᠨ ᠵᠠᠮᠤᠬ᠎ᠠ ᠳ᠋ᠤ᠌ ᠤᠤ?ᠡᠰᠡᠪᠡᠯ ᠨᠡᠷ᠎ᠡ ᠦᠭᠡᠢ᠂ ᠭᠡᠷ ᠦᠭᠡᠢ ᠪᠣᠯᠤᠭᠰᠠᠨ ᠬᠥᠷ ᠬᠠᠭᠠᠨ ᠳ᠋ᠤ᠌ ᠤᠤ? ᠭᠡᠵᠦ ᠰᠢᠷᠠᠯᠬᠠᠵᠤ ᠠᠭᠤᠷ ᠨᠢ ᠰᠢᠲᠠᠭᠰᠠᠨ ᠵᠠᠮᠤᠬ᠎ᠠ ᠬᠠᠰᠬᠢᠷᠪᠠ᠃
— ᠪᠢ ᠣᠯᠠᠨ ᠵᠢᠯ ᠦ᠋ᠨ ᠡᠮᠦᠨ᠎ᠡ ᠬᠠᠯᠢᠭᠤᠨ ᠥᠨᠳᠥᠷ ᠦ᠋ᠨ ᠣᠷᠣᠢ ᠳ᠋ᠤ᠌ ᠠᠭᠤᠯᠵᠠᠭᠰᠠᠨ ᠵᠠᠮᠤᠬ᠎ᠠ ᠳ᠋ᠤ᠌ ᠬᠡᠯᠡᠵᠦ ᠪᠠᠢᠨ᠎ᠠ᠃ᠲᠡᠭᠡᠬᠦ ᠳ᠋ᠦ᠍ ᠪᠢᠳᠡᠨ ᠦ᠌ ᠳᠡᠭᠡᠷ᠎ᠡ ᠡᠴᠡ ᠮᠡᠯᠲᠡᠢᠵᠦ ᠪᠠᠢᠭᠰᠠᠨ ᠵᠤᠨ ᠤ᠋ ᠳᠤᠮᠳᠠ ᠰᠠᠷ᠎ᠠ ᠶ᠋ᠢᠨ ᠠᠷᠪᠠᠨ ᠲᠠᠪᠤᠨ ᠤ᠋ ᠳᠦᠭᠦᠷᠡᠩ ᠲᠡᠷᠭᠡᠯ ᠰᠠᠷ᠎ᠠ ᠬᠡᠪ ᠢ᠋ᠶ᠋ᠡᠷ ᠢ᠋ᠶ᠋ᠡᠨ ᠪᠠᠢᠨ᠎ᠠ ᠭᠡᠳ ᠪᠥᠷᠲᠡ ᠲᠩᠷᠢ ᠤᠷᠤᠭᠤ ᠵᠢᠭᠠᠬᠤ ᠳ᠋ᠤ᠌ ᠦᠨᠡᠬᠡᠷ ᠳᠦᠭᠦᠷᠡᠩ ᠰᠠᠷ᠎ᠠ ᠲᠡᠭᠦᠨ ᠦ᠌ ᠦᠭᠡ ᠶ᠋ᠢ ᠬᠦᠯᠢᠶᠡᠵᠦ ᠪᠠᠢᠭᠰᠠᠨ ᠮᠡᠲᠦ ᠠᠭᠤᠯᠠᠨ ᠴᠠᠭᠠᠨ᠎ᠠ ᠡᠴᠡ ᠰᠤᠭᠤᠷᠠᠨ ᠭᠠᠷᠴᠤ ᠢᠷᠡᠵᠡᠢ᠃《ᠰᠠᠷ᠎ᠠ ᠶ᠋ᠢ ᠬᠦᠷᠲᠡᠯ᠎ᠡ ᠭᠡᠷᠡᠴᠢ ᠪᠣᠯᠭᠠᠬᠤ ᠪᠠᠷ ᠳᠠᠭᠠᠭᠤᠯᠤᠨ ᠢᠷᠡᠵᠡᠢ》 ᠭᠡᠵᠦ ᠵᠠᠮᠤᠬ᠎ᠠ ᠭᠠᠢᠬᠠᠨ ᠪᠣᠳᠣᠯ᠎ᠠ᠃
— ᠲᠡᠭᠡᠪᠡᠯ ᠴᠢᠨᠦ ᠲᠠᠨᠢᠳᠠᠭ ᠵᠠᠮᠤᠬ᠎ᠠ ᠨᠢᠭᠡᠨᠲᠡ ᠦᠭᠡᠢ ᠪᠣᠯᠵᠠᠢ᠃ᠬᠠᠷᠢᠨ ᠴᠢ ᠲᠡᠮᠦᠵᠢᠨ ᠦ᠌ ᠰᠦᠢᠲᠦ ᠪᠦᠰᠡᠭᠦᠢ ᠪᠥᠷᠲᠡ ᠮᠥᠨ ᠪᠠᠢᠨ᠎ᠠ᠃ᠪᠥᠷᠲᠡ ᠴᠢ ᠣᠭᠲᠣᠬᠠᠨ ᠴᠤ᠌ ᠬᠤᠪᠢᠷᠠᠵᠤ ᠥᠭᠡᠷᠡᠴᠢᠯᠡᠭᠳᠡᠭᠡ ᠦᠭᠡᠢ᠂ ᠠᠷᠪᠠᠨ ᠨᠠᠢ᠍ᠮᠠ ᠲᠠᠢ ᠬᠡᠪ ᠢ᠋ᠶ᠋ᠡᠷ ᠪᠠᠢᠬᠤ ᠳ᠋ᠤ᠌ ᠪᠢ ᠶᠠᠭᠠᠬᠢᠭᠠᠳ ᠢᠩᠭᠢᠵᠦ ᠥᠭᠡᠷᠡᠴᠢᠯᠡᠭᠳᠡᠨ᠎ᠡ ᠪᠣᠢ? ᠭᠡᠳ ᠪᠥᠷᠲᠡ ᠳ᠋ᠦ᠍ ᠣᠢᠷᠠᠲᠤᠪᠠ᠃ᠬᠠᠷᠢᠨ ᠪᠥᠷᠲᠡ ᠵᠠᠮᠤᠬ᠎ᠠ ᠶ᠋ᠢᠨ ᠵᠠᠨᠤᠯᠲᠤ ᠳᠠᠭᠤᠨ ᠡᠴᠡ ᠶᠡᠷᠦ ᠠᠶᠤᠵᠤ ᠴᠣᠴᠢᠭᠰᠠᠨ ᠦᠭᠡᠢ ᠨᠢ ᠭᠠᠢᠬᠠᠯᠲᠠᠢ᠃
— ᠲᠠ ᠡᠭᠦᠨ ᠢ᠋ ᠨᠠᠳᠠ ᠡᠴᠡ ᠪᠦᠦ ᠠᠰᠠᠭᠤ᠃ᠲᠠ ᠶᠠᠭᠤ ᠣᠯᠬᠤ ᠭᠡᠵᠦ᠂ ᠶᠠᠭᠤᠨ ᠤ᠋ ᠲᠥᠯᠥᠭᠡ ᠢᠩᠭᠢᠵᠦ ᠦᠬᠦᠯᠳᠦᠨ ᠲᠡᠮᠡᠴᠡᠨ᠎ᠡ ᠪᠣᠢ? ᠲᠡᠮᠦᠵᠢᠨ ᠦ᠌ ᠳᠡᠷᠭᠡᠳᠡ ᠣᠴᠢᠪᠠᠯ ᠡᠷᠢᠭᠰᠡᠨ ᠢ᠋ᠶ᠋ᠡᠨ ᠣᠯᠵᠤ ᠲᠠ ᠵᠢᠷᠭᠠᠯᠲᠠᠢ ᠪᠣᠯᠬᠤ ᠪᠢᠰᠢ ᠤᠤ?
— ᠦᠭᠡᠢ ᠳᠡ᠂ ᠪᠥᠷᠲᠡ᠃ᠪᠢ ᠨᠢᠭᠡ ᠤᠳᠠᠭ᠎ᠠ ᠥᠪᠡᠷ ᠦ᠋ᠨ ᠠᠵᠠ ᠵᠢᠷᠭᠠᠯ ᠲᠠᠢ ᠪᠠᠨ ᠨᠢᠭᠤᠷ ᠲᠤᠯᠤᠨ ᠤᠴᠠᠷᠠᠭᠰᠠᠨ ᠶᠤᠮ᠃ᠲᠡᠭᠡᠬᠦ ᠳ᠋ᠦ᠍ ᠯᠡ ᠪᠢ ᠲᠡᠭᠦᠨ ᠢ᠋ ᠪᠡᠨ ᠠᠯᠳᠠᠭᠰᠠᠨ᠃ᠪᠢ ᠥᠪᠡᠷ ᠦ᠋ᠨ ᠠᠵᠠ ᠵᠢᠷᠭᠠᠯ ᠢ᠋ ᠠᠯᠠᠭᠠᠨ ᠳᠡᠭᠡᠷ᠎ᠡ ᠡᠴᠡ ᠪᠡᠨ ᠦᠷᠭᠦᠭᠡᠵᠦ ᠠᠯᠳᠠᠭᠰᠠᠨ ᠶᠤᠮ᠃ᠣᠳᠣ ᠪᠢ ᠲᠡᠭᠦᠨ ᠢ᠋ ᠬᠠᠮᠢᠭ᠎ᠠ ᠡᠴᠡ ᠴᠤ᠌ ᠣᠯᠬᠤ ᠦᠭᠡᠢ᠃ᠪᠢ ᠲᠡᠮᠦᠵᠢᠨ ᠦ᠌ ᠳᠡᠷᠭᠡᠳᠡ ᠣᠴᠢᠯ᠎ᠠ ᠴᠤ᠌ ᠨᠢᠭᠡᠨᠲᠡ ᠵᠢᠷᠭᠠᠯ ᠦᠵᠡᠬᠦ ᠦᠭᠡᠢ ᠪᠣᠯᠵᠠᠢ᠁
ᠭᠡᠲᠡᠯ᠎ᠡ ᠬᠡᠨ ᠨᠢᠭᠡᠨ ᠬᠠᠰᠬᠢᠷᠴᠤ ᠵᠠᠮᠤᠬ᠎ᠠ ᠰᠡᠷᠡᠭᠰᠡᠨ ᠪᠢᠯᠡ᠃ᠲᠡᠷᠡ ᠰᠠᠶᠢ ᠦᠵᠡᠭᠰᠡᠨ ᠵᠡᠭᠦᠳᠦ ᠪᠡᠨ ᠡᠷᠭᠢᠨ ᠰᠠᠨᠠᠵᠤ ᠬᠡᠪᠲᠡᠯ᠎ᠡ᠃ᠬᠠᠷᠢᠨ ᠣᠴᠢᠵᠤ ᠣᠴᠢᠵᠤ ᠲᠡᠮᠦᠵᠢᠨ ᠦ᠌ ᠬᠠᠲᠤᠨ ᠪᠥᠷᠲᠡ ᠵᠡᠭᠦᠳᠦᠨ ᠳ᠋ᠦ᠍ ᠡᠢᠮᠦ ᠲᠣᠳᠣ ᠣᠷᠣᠳᠠᠭ ᠨᠢ ᠶᠠᠭᠤ ᠪᠣᠢ? ᠭᠡᠵᠦ ᠭᠠᠢᠬᠠᠨ ᠪᠣᠳᠣᠪᠠ᠃ᠦᠯᠡᠳᠡᠭᠰᠡᠨ ᠴᠥᠭᠡᠨ ᠴᠡᠷᠢᠭ ᠢ᠋ᠶ᠋ᠡᠨ ᠠᠮᠠᠷᠠᠭᠠᠵᠤ ᠬᠡᠳᠦ ᠬᠣᠨᠣᠬᠤ ᠲᠤᠯᠠ ᠲᠡᠭᠦᠨ ᠳ᠋ᠦ᠍ ᠶᠠᠭᠤᠮ᠎ᠠ ᠪᠣᠳᠣᠬᠤ ᠬᠤᠭᠤᠴᠠᠭ᠎ᠠ ᠬᠠᠩᠭᠠᠯᠲᠠᠲᠠᠢ ᠪᠠᠢᠯ᠎ᠠ᠃ᠬᠡᠳᠦᠢ ᠪᠡᠷ ᠬᠠᠮᠤᠭ ᠤ᠋ᠨ ᠤᠬᠠᠭᠠᠯᠢᠭ ᠵᠥᠪ ᠰᠢᠢᠳᠪᠦᠷᠢ ᠶ᠋ᠢ ᠲᠡᠷᠡ ᠪᠦᠷᠢ ᠳ᠋ᠦ᠍ ᠣᠯᠵᠤ ᠭᠠᠷᠭᠠᠵᠤ ᠴᠢᠳᠠᠳᠠᠭ ᠦᠭᠡᠢ ᠴᠦ᠍ ᠵᠠᠮᠤᠬ᠎ᠠ ᠥᠩᠭᠡᠷᠡᠭᠰᠡᠨ ᠪᠣᠯᠤᠭᠠᠳ ᠢᠷᠡᠭᠡᠳᠦᠢ ᠪᠡᠨ ᠲᠤᠩᠭᠠᠨ ᠪᠣᠳᠣᠬᠤ ᠳᠤᠷᠠᠲᠠᠢ ᠪᠢᠯᠡ᠃ᠢᠩᠭᠢᠬᠦ ᠨᠢ ᠭᠠᠭᠴᠠ ᠵᠠᠮᠤᠬ᠎ᠠ ᠴᠤ᠌ ᠪᠢᠰᠢ᠂ ᠶᠡᠷᠦ ᠥᠪᠡᠷ ᠢ᠋ ᠪᠡᠨ ᠤᠬᠠᠭᠠᠨᠲᠠᠢ ᠭᠡᠵᠦ ᠪᠣᠳᠣᠳᠠᠭ ᠬᠥᠮᠦᠨ ᠪᠦᠷᠢ ᠶ᠋ᠢᠨ ᠵᠠᠩ ᠪᠤᠢ ᠠ᠃
ᠪᠥᠷᠲᠡ ᠶ᠋ᠢ ᠠᠩᠬ᠎ᠠ ᠬᠠᠷᠠᠭᠰᠠᠨ ᠨᠢ ᠣᠳᠣ ᠡᠴᠡ ᠬᠣᠷᠢᠨ ᠲᠠᠪᠤᠨ ᠵᠢᠯ ᠦ᠋ᠨ ᠡᠮᠦᠨᠡᠬᠢ ᠬᠡᠷᠡᠭ ᠪᠢᠯᠡ᠃ᠲᠡᠷᠡ ᠦᠶ᠎ᠡ ᠳ᠋ᠦ᠍ ᠲᠡᠮᠦᠵᠢᠨ ᠡᠴᠢᠭᠡ ᠡᠴᠡ ᠥᠨᠥᠴᠢᠷᠡᠵᠦ᠂ ᠠᠢᠮᠠᠭ ᠡᠴᠡ ᠬᠠᠶᠠᠭᠳᠠᠭᠰᠠᠨ ᠨᠢᠭᠡ ᠮᠠᠭᠤ ᠵᠣᠯᠪᠢᠩ ᠪᠠᠨᠳᠢ ᠪᠠᠢᠯ᠎ᠠ᠃ᠪᠠᠭ᠎ᠠ ᠳ᠋ᠠᠭᠠᠨ ᠠᠨᠳᠠᠭᠠᠢ ᠲᠠᠩᠭᠠᠷᠢᠭ ᠲᠠᠯᠪᠢᠵᠤ ᠦᠶᠡᠷᠬᠡᠭᠰᠡᠨ ᠢ᠋ᠶ᠋ᠡᠨ ᠵᠠᠮᠤᠬ᠎ᠠ ᠳᠤᠷᠠᠰᠪᠠ᠃ᠲᠡᠢᠮᠦ ᠠ᠋᠃ᠵᠠᠮᠤᠬ᠎ᠠ ᠪᠣᠯ ᠲᠡᠮᠦᠵᠢᠨ ᠳ᠋ᠦ᠍ ᠲᠤᠰᠠᠯᠠᠬᠤ ᠶᠣᠰᠣᠲᠠᠢ ᠬᠥᠮᠦᠨ ᠶᠤᠮ᠃ᠲᠡᠢᠮᠦ ᠴᠦ᠍ ᠰᠡᠳᠬᠢᠯ ᠢ᠋ᠶ᠋ᠡᠷ ᠬᠣᠩᠭᠢᠷᠠᠳ ᠠᠢᠮᠠᠭ ᠤ᠋ᠨ ᠨᠤᠲᠤᠭ ᠢ᠋ ᠵᠣᠷᠢᠵᠤ ᠣᠯᠠᠨ ᠵᠢᠯ ᠦ᠋ᠨ ᠡᠮᠦᠨ᠎ᠡ ᠲᠡᠮᠦᠵᠢᠨ ᠬᠥᠪᠡᠭᠦᠨ ᠳ᠋ᠡᠭᠡᠨ ᠠᠪᠴᠤ ᠥᠭᠬᠦ ᠪᠡᠷ ᠶᠢᠰᠦᠭᠡᠢ ᠶ᠋ᠢᠨ ᠰᠦᠢ ᠲᠠᠯᠪᠢᠭᠰᠠᠨ ᠳ᠋ᠠᠢ ᠰᠡᠴᠡᠨ ᠦ᠌ ᠥᠬᠢᠨ ᠪᠥᠷᠲᠡ ᠶ᠋ᠢ ᠦᠵᠡᠬᠦ ᠪᠡᠷ ᠣᠳᠤᠭᠰᠠᠨ ᠪᠢᠯᠡ᠃ᠤᠭ ᠡᠴᠡ ᠵᠠᠮᠤᠬ᠎ᠠ ᠰᠣᠨᠢᠭᠤᠴᠢ᠂ ᠬᠣᠣᠷᠲᠠᠢ ᠵᠠᠩ ᠲᠠᠢ ᠲᠤᠯᠠ ᠪᠠᠶᠠᠨ ᠴᠢᠨᠡᠭᠡᠯᠢᠭ ᠬᠣᠩᠭᠢᠷᠠᠳ ᠠᠢᠮᠠᠭ ᠤ᠋ᠨ ᠨᠡᠷᠡᠲᠡᠢ ᠬᠥᠮᠦᠨ ᠦ᠌ ᠥᠬᠢᠨ ᠣᠳᠣ ᠶᠠᠭᠤ ᠭᠡᠵᠦ ᠶᠠᠳᠠᠭᠤ ᠲᠡᠮᠦᠵᠢᠨ ᠳ᠋ᠦ᠍ ᠢᠷᠡᠭᠡ ᠠᠵᠢ ᠭᠡᠵᠦ ᠪᠣᠳᠣᠭᠰᠠᠨ ᠢ᠋ᠶ᠋ᠠᠨ ᠬᠥᠮᠦᠨ ᠳ᠋ᠦ᠍ ᠬᠡᠯᠡᠭᠡ ᠦᠭᠡᠢ ᠴᠦ᠍ ᠴᠣᠬᠣᠮ ᠳᠣᠲᠣᠷ᠎ᠠ ᠪᠠᠨ ᠥᠨᠥ ᠪᠥᠷᠲᠡ ᠶ᠋ᠢ ᠡᠴᠢᠭᠡ ᠨᠢ ᠥᠭᠡᠷ᠎ᠡ ᠬᠥᠮᠦᠨ ᠳ᠋ᠦ᠍ ᠠᠷᠠᠯᠵᠢᠨ ᠥᠭᠭᠦᠭᠰᠡᠨ ᠪᠠᠢᠭᠠᠰᠠᠢ ᠭᠡᠵᠦ ᠬᠦᠰᠡᠵᠦ ᠶᠠᠪᠤᠭᠰᠠᠨ ᠶᠤᠮ᠃ᠲᠡᠢᠮᠦ ᠪᠠᠢᠪᠠᠯ ᠳᠠᠷᠤᠢ ᠲᠡᠮᠦᠵᠢᠨ ᠳ᠋ᠦ᠍ ᠬᠡᠯᠡᠵᠦ ᠶᠠᠭᠠᠬᠢᠵᠤ ᠰᠢᠨᠠᠯᠬᠤ ᠶ᠋ᠢ ᠨᠢ ᠦᠵᠡᠶ᠎ᠡ ᠭᠡᠵᠦ ᠪᠣᠳᠣᠭᠰᠠᠨ ᠬᠡᠷᠡᠭ᠃《ᠠᠷᠪᠠᠨ ᠨᠠᠢ᠍ᠮᠠᠨ ᠨᠠᠰᠤ ᠬᠦᠷᠦᠮᠡᠭᠴᠡ ᠪᠥᠷᠲᠡ ᠶ᠋ᠢ ᠣᠴᠢᠵᠤ ᠠᠪᠤᠨ᠎ᠠ᠃ᠲᠡᠷᠡ ᠪᠦᠰᠡᠭᠦᠢ ᠰᠠᠷ᠎ᠠ ᠪᠦᠷᠢ ᠶ᠋ᠢᠨ ᠠᠷᠪᠠᠨ ᠲᠠᠪᠤᠨ ᠤ᠋ ᠦᠳᠡᠰᠢ ᠬᠠᠯᠢᠭᠤᠨ ᠥᠨᠳᠥᠷ ᠦ᠋ᠨ ᠣᠷᠣᠢ ᠳ᠋ᠤ᠌ ᠬᠦᠯᠢᠶᠡᠨ᠎ᠡ ᠭᠡᠰᠡᠨ》 ᠭᠡᠮᠡᠨ ᠲᠡᠮᠦᠵᠢᠨ ᠲᠣᠭᠣᠷᠢᠯ ᠬᠠᠨ ᠤ᠋ ᠭᠡᠷ ᠲᠦ᠍ ᠬᠠᠮᠲᠤ ᠠᠮᠢᠳᠤᠷᠠᠵᠤ ᠪᠠᠢᠬᠤ ᠦᠶ᠎ᠡ ᠳ᠋ᠡᠭᠡᠨ ᠵᠠᠮᠤᠬ᠎ᠠ ᠳ᠋ᠤ᠌ ᠨᠢᠭᠤᠯ ᠦᠭᠡᠢ ᠶᠠᠷᠢᠭᠰᠠᠨ ᠪᠢᠯᠡ᠃ᠶᠠᠭ ᠰᠠᠶᠢ ᠵᠡᠭᠦᠳᠦᠨ ᠳ᠋ᠡᠭᠡᠨ ᠦᠵᠡᠭᠰᠡᠨ ᠰᠢᠭ ᠵᠤᠨ ᠤ᠋ ᠳᠤᠮᠳᠠ ᠰᠠᠷ᠎ᠠ ᠶ᠋ᠢᠨ ᠠᠷᠪᠠᠨ ᠲᠠᠪᠤᠨ ᠤ᠋ ᠲᠤᠩᠭᠠᠯᠠᠭ ᠰᠠᠷ᠎ᠠ ᠲᠠᠢ ᠦᠳᠡᠰᠢ ᠵᠠᠮᠤᠬ᠎ᠠ ᠬᠠᠯᠢᠭᠤᠨ ᠥᠨᠳᠥᠷ ᠦ᠋ᠨ ᠣᠷᠣᠢ ᠳ᠋ᠤ᠌ ᠵᠣᠭᠰᠣᠵᠤ ᠪᠠᠢᠭᠠᠳ ᠳᠦᠭᠦᠷᠡᠩ ᠰᠠᠷᠠᠨ ᠤ᠋ ᠭᠡᠷᠡᠯ ᠳ᠋ᠦ᠍ ᠲᠡᠭᠷᠢ ᠶ᠋ᠢᠨ ᠠᠮᠢᠲᠠᠨ ᠮᠡᠲᠦ ᠦᠵᠡᠰᠬᠦᠯᠡᠩᠲᠦ ᠪᠥᠷᠲᠡ ᠲᠡᠢ ᠠᠭᠤᠯᠵᠠᠭᠰᠠᠨ ᠢ᠋ᠶ᠋ᠠᠨ ᠰᠠᠨᠠᠪᠠ᠃ᠴᠡᠴᠡᠭ ᠦ᠋ᠨ ᠴᠠᠭᠠᠨ ᠲᠣᠭᠣᠰᠣ ᠮᠡᠲᠦ ᠰᠤᠭᠤᠨᠠᠭᠯᠠᠨ ᠪᠠᠭᠤᠬᠤ ᠰᠠᠷᠠᠨ ᠤ᠋ ᠭᠡᠷᠡᠯ ᠳ᠋ᠦ᠍ ᠪᠥᠷᠲᠡ ᠶ᠋ᠢᠨ ᠭᠤᠸ᠎ᠠ ᠦᠵᠡᠰᠬᠦᠯᠡᠩ ᠬᠤᠪᠴᠠᠰᠤ ᠪᠠᠷ ᠨᠡᠪᠲᠡ ᠬᠡᠷᠡᠯᠳᠦᠵᠦ ᠪᠠᠢᠵᠠᠢ᠃ᠪᠥᠷᠲᠡ ᠶ᠋ᠢᠨ ᠪᠠᠶᠠᠨ ᠡᠴᠡ ᠨᠡᠪᠲᠡ ᠴᠡᠴᠡᠷᠡᠬᠦ ᠭᠡᠷᠡᠯ ᠳ᠋ᠦ᠍ ᠰᠠᠷᠠᠨ ᠤ᠋ ᠴᠠᠭᠠᠨ ᠲᠤᠶᠠᠭ᠎ᠠ ᠬᠦᠷᠲᠡᠯ᠎ᠡ ᠥᠩᠭᠡ ᠳᠠᠷᠤᠭᠳᠠᠭᠠᠳ ᠡᠷᠭᠢᠨ ᠲᠣᠭᠣᠷᠢᠨ ᠬᠠᠷᠠᠩᠭᠤᠢ ᠮᠡᠲᠦ ᠪᠣᠯᠵᠠᠢ᠃ᠢᠩᠭᠢᠵᠦ ᠥᠪᠡᠷ ᠦ᠋ᠨ ᠪᠠᠶᠠᠨ ᠡᠴᠡ ᠭᠡᠷᠡᠯ ᠰᠠᠴᠤᠷᠠᠭᠤᠯᠤᠭᠴᠢ ᠦᠵᠡᠰᠬᠦᠯᠡᠩᠲᠦ ᠡᠮ᠎ᠡ ᠵᠥᠪᠬᠡᠨ ᠦᠯᠢᠭᠡᠷ ᠲᠦ᠍ ᠭᠠᠷᠳᠠᠭ ᠢ᠋ ᠵᠠᠮᠤᠬ᠎ᠠ ᠰᠣᠨᠣᠰᠤᠭᠰᠠᠨ ᠪᠣᠯᠬᠤ ᠡᠴᠡ ᠶᠡᠷᠦ ᠦᠵᠡᠭᠰᠡᠨ ᠦᠭᠡᠢ ᠪᠢᠯᠡ᠃
ᠲᠡᠮᠦᠵᠢᠨ ᠬᠤᠳᠠᠯ ᠵᠣᠬᠢᠶᠠᠵᠤ ᠶᠠᠷᠢᠭ᠎ᠠ ᠦᠭᠡᠢ ᠪᠡᠷ ᠪᠠᠷᠠᠬᠤ ᠦᠭᠡᠢ ᠬᠡᠦᠬᠡᠳ ᠨᠠᠰᠤᠨ ᠤ᠋ ᠰᠦᠢᠲᠦ ᠠᠮᠠᠷᠠᠭ ᠨᠢ ᠨᠠᠰᠤ ᠪᠡᠶ᠎ᠡ ᠭᠦᠢᠴᠡᠵᠦ ᠠᠮᠢᠰᠬᠤᠯ ᠳ᠋ᠤ᠌ ᠭᠬᠢᠷᠲᠦᠮᠡᠷ ᠴᠡᠪᠡᠷᠬᠡᠨ ᠪᠦᠰᠡᠭᠦᠢ ᠪᠣᠯᠤᠭᠰᠠᠨ ᠢ᠋᠂ ᠪᠠᠰᠠ ᠲᠡᠮᠦᠵᠢᠨ ᠳ᠋ᠦ᠍ ᠠᠮᠠᠯᠠᠭᠰᠠᠨ ᠶᠣᠰᠣ ᠪᠠᠷ ᠢ᠋ᠶ᠋ᠠᠨ ᠰᠠᠷ᠎ᠠ ᠪᠦᠷᠢ ᠪᠣᠯᠵᠣᠭᠠᠲᠤ ᠭᠠᠵᠠᠷ ᠢ᠋ᠶ᠋ᠠᠨ ᠬᠦᠯᠢᠶᠡᠭᠰᠡᠭᠡᠷ ᠪᠠᠢᠭ᠎ᠠ ᠶ᠋ᠢ ᠵᠠᠮᠤᠬ᠎ᠠ ᠦᠵᠡᠵᠡᠢ᠃ᠲᠡᠷᠡ ᠦᠶ᠎ᠡ ᠳ᠋ᠦ᠍ ᠵᠠᠮᠤᠬ᠎ᠠ ᠲᠡᠮᠦᠵᠢᠨ ᠳ᠋ᠦ᠍ ᠦᠬᠦᠲᠡᠯ᠎ᠡ ᠪᠡᠨ ᠠᠲᠠᠭᠠᠷᠬᠠᠵᠤ ᠂ ᠨᠡᠷ᠎ᠡ ᠶ᠋ᠢ ᠨᠢ ᠰᠣᠨᠣᠰᠤᠭᠠᠳ ᠲᠠᠨᠢᠮᠠᠭᠠᠢᠷᠬᠠᠨ ᠲᠡᠮᠦᠵᠢᠨ ᠢ᠋ ᠰᠤᠷᠠᠭᠯᠠᠵᠤ ᠂ ᠠᠮᠤᠷ ᠮᠡᠨᠳᠦ ᠭᠡᠳᠡᠭ ᠢ᠋ ᠨᠢ ᠳᠤᠭᠤᠯᠤᠮᠠᠭᠴᠠ ᠤᠶᠠᠷᠠᠨ ᠪᠠᠶᠠᠷᠯᠠᠬᠤ ᠪᠢᠴᠢᠬᠠᠨ ᠪᠦᠰᠡᠭᠦᠢ ᠶ᠋ᠢ ᠬᠦᠴᠦ ᠪᠡᠷ ᠡᠵᠡᠮᠳᠡᠬᠦ ᠠᠳᠠ ᠶ᠋ᠢᠨ ᠬᠦᠰᠡᠯ ᠨᠢ ᠰᠢᠲᠠᠭᠰᠠᠨ ᠴᠤ᠌ ᠲᠡᠪᠴᠢᠨ ᠪᠡᠶ᠎ᠡ ᠪᠡᠨ ᠪᠠᠷᠢᠭᠰᠠᠨ ᠶᠤᠮ᠃ᠪᠥᠷᠲᠡ ᠶ᠋ᠢᠨ ᠢᠳᠢ ᠰᠢᠳᠢ ᠶ᠋ᠢᠨ ᠮᠡᠲᠦ ᠭᠡᠷᠡᠯᠲᠦᠭᠰᠡᠨ ᠭᠤᠸ᠎ᠠ ᠦᠵᠡᠰᠬᠦᠯᠡᠩ ᠳ᠋ᠦ᠍ ᠰᠡᠳᠬᠢᠯ ᠬᠦᠰᠡᠯ ᠨᠢ ᠬᠦᠯᠢᠭᠳᠡᠭᠡᠳ ᠤᠭ ᠤ᠋ᠨ ᠵᠣᠷᠢᠮᠠᠭ ᠰᠢᠯᠤᠭᠤᠨ ᠂ ᠪᠠᠷᠳᠠᠮ ᠳᠡᠭᠡᠷᠡᠩᠭᠦᠢ ᠵᠠᠩ ᠨᠢ ᠦᠭᠡᠢ ᠪᠣᠯᠵᠠᠢ᠃
— ᠪᠢ ᠲᠡᠮᠦᠵᠢᠨ ᠢ᠋ ᠲᠠᠢᠴᠢᠭᠤᠳ ᠲᠤ᠌ ᠠᠯᠠᠭᠳᠠᠭᠰᠠᠨ ᠭᠡᠵᠦ ᠰᠣᠨᠣᠰᠤᠭᠠᠳ ᠨᠢᠯᠪᠤᠰᠤ ᠪᠠᠨ ᠪᠠᠷᠠᠴᠢᠬᠠᠭᠰᠠᠨ᠃ᠬᠠᠷᠢᠨ ᠣᠳᠣ ᠵᠠᠮᠤᠬ᠎ᠠ ᠲᠠᠨ ᠡᠴᠡ ᠠᠮᠢᠳᠤ ᠭᠡᠳᠡᠭ ᠢ᠋ ᠰᠣᠨᠣᠰᠤᠭᠠᠳ ᠬᠡᠯᠡᠬᠦ ᠦᠭᠡ ᠣᠭᠲᠣ ᠣᠯᠳᠠᠬᠤ ᠦᠭᠡᠢ ᠪᠡᠶᠡᠰᠦᠯᠡ᠃ᠲᠠ ᠲᠡᠭᠦᠨ ᠳ᠋ᠦ᠍ ᠲᠤᠰᠠᠯᠠᠭᠠᠷᠠᠢ᠃ᠲᠡᠮᠦᠵᠢᠨ ᠳ᠋ᠦ᠍ ᠲᠠᠨ ᠡᠴᠡ ᠥᠭᠡᠷ᠎ᠡ ᠨᠥᠬᠥᠷ ᠪᠠᠢᠬᠤ ᠦᠭᠡᠢ᠃ᠲᠡᠷᠡ ᠲᠠᠲ᠋ᠠᠷ ᠠᠢᠮᠠᠭ ᠡᠴᠡ ᠡᠴᠢᠭᠡ ᠶ᠋ᠢᠨ ᠢ᠋ᠶ᠋ᠡᠨ ᠥᠰᠢᠶ᠎ᠡ ᠶ᠋ᠢ ᠠᠪᠬᠤ ᠶᠣᠰᠣᠲᠠᠢ ᠬᠥᠮᠦᠨ ᠰᠢᠦ᠃ᠲᠠ ᠭᠠᠭᠴᠠ ᠰᠠᠢᠨ ᠨᠥᠬᠥᠷ ᠦ᠋ᠨ ᠬᠢᠨᠢ ᠬᠤᠪᠢ ᠳ᠋ᠤ᠌ ᠲᠡᠮᠦᠵᠢᠨ ᠳ᠋ᠦ᠍ ᠲᠤᠰᠠᠯᠠᠬᠤ ᠪᠢᠵᠡ᠃ᠪᠢ ᠲᠠᠨ ᠡᠴᠡ ᠭᠤᠶᠤᠶ᠎ᠠ ᠭᠡᠵᠦ ᠪᠥᠷᠲᠡ ᠲᠡᠭᠦᠨ ᠳ᠋ᠦ᠍ ᠢᠳᠡᠭᠡᠨ ᠰᠥᠬᠥᠷᠡᠭᠰᠡᠨ ᠨᠢ ᠵᠠᠮᠤᠬ᠎ᠠ ᠶ᠋ᠢᠨ ᠣᠪᠣᠯᠵᠠᠨ ᠭᠠᠷᠴᠤ ᠢᠷᠡᠬᠦ ᠳ᠋ᠦ᠍ ᠪᠡᠯᠡᠨ ᠪᠠᠢᠭᠰᠠᠨ ᠵᠡᠷᠯᠢᠭ ᠳᠣᠭᠰᠢᠨ ᠠᠪᠤᠷᠢ ᠶ᠋ᠢ ᠬᠠᠵᠠᠭᠠᠷᠯᠠᠨ ᠵᠣᠭᠰᠣᠭᠠᠭᠰᠠᠨ ᠪᠢᠯᠡ᠃ᠲᠡᠭᠦᠨ ᠡᠴᠡ ᠪᠢᠰᠢ ᠵᠠᠮᠤᠬ᠎ᠠ ᠨᠢᠳᠦ ᠪᠤᠯᠢᠶᠠᠭᠰᠠᠨ ᠡᠮ᠎ᠡ ᠶ᠋ᠢ ᠵᠦᠭᠡᠷ ᠰᠤᠯᠠ ᠣᠷᠬᠢᠭᠰᠠᠨ ᠤᠳᠠᠭ᠎ᠠ ᠶᠡᠷᠦ ᠦᠭᠡᠢ ᠲᠤᠯᠠ ᠡᠨᠡ ᠮᠡᠲᠦ ᠪᠠᠯᠴᠢᠷ ᠪᠦᠰᠡᠭᠦᠢ ᠶ᠋ᠢ ᠪᠠᠬ᠎ᠠ ᠪᠠᠨ ᠬᠠᠩᠭᠠᠨ ᠡᠳ᠋ᠯᠡᠬᠦ ᠨᠢ ᠶᠠᠭᠤ ᠴᠤ᠌ ᠪᠢᠰᠢ ᠶᠦ᠍ᠮ᠃ᠭᠡᠪᠡᠴᠦ ᠪᠦᠰᠡᠭᠦᠢ ᠲᠡᠭᠦᠨ ᠳ᠋ᠦ᠍ ᠡᠯᠳᠡᠪ ᠬᠠᠷ᠎ᠠ ᠰᠠᠨᠠᠭ᠎ᠠ ᠦᠭᠡᠢ ᠪᠡᠷ ᠢᠲᠡᠭᠡᠭᠰᠡᠨ ᠨᠢ᠂ ᠪᠠᠰᠠ ᠲᠡᠮᠦᠵᠢᠨ ᠲᠡᠷᠡ ᠬᠣᠶᠠᠷ ᠴᠢᠩ ᠰᠡᠳᠬᠢᠯ ᠦ᠋ᠨ ᠬᠣᠯᠪᠣᠭ᠎ᠠ ᠲᠠᠢ ᠶ᠋ᠢ ᠦᠵᠡᠮᠡᠭᠴᠡ ᠪᠡᠨ ᠵᠠᠮᠤᠬ᠎ᠠ ᠶ᠋ᠢᠨ ᠬᠠᠲᠠᠭᠤ ᠰᠡᠳᠬᠢᠯ ᠤᠶᠠᠷᠠᠵᠤ ᠬᠡᠰᠦᠭᠰᠡᠨ ᠪᠢᠯᠡ᠃ᠬᠠᠷᠢᠨ ᠰᠠᠶᠢ ᠶ᠋ᠢᠨ ᠵᠡᠭᠦᠳᠦᠨ ᠦ᠌ ᠳᠠᠷᠠᠭ᠎ᠠ ᠡᠯᠳᠡᠪ ᠢ᠋ ᠡᠷᠭᠢᠴᠡᠭᠦᠯᠦᠨ ᠪᠣᠳᠣᠵᠤ ᠬᠡᠪᠲᠡᠬᠦ ᠳ᠋ᠡᠭᠡᠨ ᠪᠥᠷᠲᠡ ᠶ᠋ᠢ ᠲᠡᠷᠡ ᠦᠶ᠎ᠡ ᠳ᠋ᠦ᠍ ᠥᠪᠡᠷ ᠦ᠋ᠨ ᠪᠣᠯᠭᠠᠭ᠎ᠠ ᠦᠭᠡᠢ ᠳ᠋ᠡᠭᠡᠨ ᠳᠣᠲᠣᠷ᠎ᠠ ᠪᠠᠨ ᠬᠠᠴᠢᠨ ᠶᠡᠬᠡ ᠪᠡᠷ ᠬᠠᠷᠠᠮᠰᠠᠵᠤ ᠶᠠᠪᠤᠭᠰᠠᠨ ᠢ᠋ᠶ᠋ᠠᠨ ᠮᠡᠳᠡᠷᠡᠪᠡ᠃ᠲᠡᠷᠡ ᠦᠳᠡᠰᠢ ᠦᠨᠡᠨᠴᠢ ᠰᠢᠳᠠᠷ ᠬᠠᠨᠲᠡᠮᠥᠷ ᠨᠢ ᠬᠦᠷᠲᠡᠯ᠎ᠡ ᠪᠥᠷᠲᠡ ᠶ᠋ᠢ ᠦᠵᠡᠭᠡᠳ ᠰᠡᠷᠲᠡᠩᠳᠡᠵᠦ
— ᠲᠡᠮᠦᠵᠢᠨ ᠣᠳᠣ ᠬᠠᠮᠢᠭ᠎ᠠ᠂ ᠬᠡᠨ ᠪᠣᠯᠤᠭᠠᠳ ᠪᠠᠢᠭ᠎ᠠ ᠪᠢᠯᠡ? ᠡᠨᠡ ᠪᠣᠯ ᠶᠠᠳᠠᠭᠤ ᠲᠡᠮᠦᠵᠢᠨ ᠳ᠋ᠦ᠍ ᠣᠯᠳᠠᠬᠤ ᠪᠦᠰᠡᠭᠦᠢ ᠪᠢᠰᠢ ᠪᠠᠢᠨ᠎ᠠ᠃ᠡᠵᠡᠨᠲᠡᠨ ᠲᠠ ᠵᠦᠭᠡᠷ ᠣᠷᠬᠢᠪᠠᠯ ᠪᠢ ᠬᠤᠯᠠᠭᠠᠢᠯᠠᠵᠤ ᠠᠪᠤᠶ᠎ᠠ᠃ᠦᠭᠡᠢ ᠪᠣᠯ ᠬᠦᠴᠦ ᠪᠡᠷ ᠡᠵᠡᠮᠳᠡᠨ ᠳᠤᠷ᠎ᠠ ᠪᠠᠨ ᠬᠠᠩᠭᠠᠭᠠᠳ ᠬᠠᠶᠠᠵᠤ ᠤᠷᠭᠢᠶ᠎ᠠ ᠭᠡᠰᠡᠨ ᠢ᠋ ᠵᠠᠮᠤᠬ᠎ᠠ ᠲᠠᠰᠤ ᠬᠣᠷᠢᠭᠯᠠᠪᠠ᠃ᠡᠨᠡ ᠨᠢ ᠦᠨᠡᠨ ᠳ᠋ᠡᠭᠡᠨ ᠪᠥᠷᠲᠡ ᠶ᠋ᠢ ᠬᠠᠮᠠᠭᠠᠯᠠᠬᠤ ᠡᠴᠡ ᠪᠠᠨ ᠢᠯᠡᠭᠦᠦ ᠬᠠᠨᠳᠠᠮᠦᠷ ᠡᠴᠡ ᠬᠠᠷᠠᠮᠯᠠᠭᠰᠠᠨ ᠬᠡᠷᠡᠭ ᠪᠠᠢᠵᠠᠢ᠃ᠪᠣᠳᠣᠪᠠᠯ ᠰᠠᠶᠢ ᠵᠡᠭᠦᠳᠦᠨ ᠳ᠋ᠡᠭᠡᠨ《ᠪᠢ ᠠᠵᠠ ᠵᠢᠷᠭᠠᠯ ᠢ᠋ᠶ᠋ᠠᠨ ᠠᠯᠳᠠᠭᠰᠠᠨ ᠬᠥᠮᠦᠨ》 ᠭᠡᠵᠦ ᠡᠨᠡ ᠶᠠᠪᠤᠳᠠᠯ ᠢ᠋ ᠬᠡᠯᠡᠭᠰᠡᠨ ᠪᠢᠵᠡ ᠭᠡᠵᠦ ᠲᠤᠩᠭᠠᠪᠠ᠃ᠦᠨᠡᠨ ᠳ᠋ᠡᠭᠡᠨ ᠲᠡᠷᠡ ᠭᠱᠠᠨ ᠳ᠋ᠤ᠌ ᠪᠥᠷᠲᠡ ᠳ᠋ᠦ᠍ ᠰᠢᠨᠤᠨ ᠲᠠᠲᠠᠭᠳᠠᠵᠤ ᠪᠠᠢᠭᠰᠠᠨ ᠶᠤᠮ᠃ᠪᠤᠴᠠᠬᠤ ᠵᠠᠮ ᠳ᠋ᠠᠭᠠᠨ ᠬᠡᠳᠦ ᠬᠣᠨᠣᠭ ᠳᠠᠭᠤ ᠪᠠᠨ ᠬᠣᠷᠢᠶᠠᠨ ᠲᠦᠩᠰᠦᠢᠭᠰᠡᠨ ᠲᠡᠭᠦᠨ ᠢ᠋ ᠰᠢᠳᠠᠷ ᠬᠠᠨᠲᠡᠮᠦᠷ ᠨᠢ ᠴᠦ᠍ ᠣᠢᠯᠠᠭᠠᠵᠤ ᠮᠡᠳᠡᠷᠡᠵᠦ ᠪᠠᠢᠪᠠ᠃ᠬᠠᠨᠲᠡᠮᠦᠷ ᠪᠣᠯ ᠥᠰᠬᠦ ᠨᠠᠰᠤᠨ ᠡᠴᠡ ᠵᠠᠮᠤᠬ᠎ᠠ ᠳ᠋ᠤ᠌ ᠰᠢᠳᠠᠷᠯᠠᠭᠰᠠᠨ᠂ ᠬᠡᠯᠡᠬᠦ ᠦᠭᠡ ᠶ᠋ᠢ ᠬᠠᠷᠠᠴᠠᠨ ᠡᠴᠡ ᠨᠢ ᠣᠢᠯᠠᠭᠠᠳᠠᠭ ᠪᠣᠭᠣᠯ ᠲᠤᠯᠠ ᠡᠵᠡᠨ ᠦ᠌ ᠪᠡᠨ ᠰᠡᠳᠬᠢᠯ ᠳ᠋ᠦ᠍ ᠶᠠᠮᠠᠷ ᠭᠡᠭᠴᠢ ᠶ᠋ᠢᠨ ᠰᠢᠭᠤᠷᠭ᠎ᠠ ᠣᠪᠣᠯᠵᠠᠵᠤ ᠪᠠᠢᠭ᠎ᠠ ᠶ᠋ᠢ ᠬᠠᠷᠠᠭᠠᠳ ᠯᠠ ᠮᠡᠳᠡᠪᠡ᠃
— ᠪᠥᠷᠲᠡ ᠶ᠋ᠢ ᠶᠠᠳᠠᠭᠤ ᠲᠡᠮᠦᠵᠢᠨ ᠡᠴᠡ ᠪᠤᠯᠢᠶᠠᠨ ᠠᠪᠬᠤ ᠲᠤᠩ ᠴᠤ᠌ ᠠᠮᠠᠷᠬᠠᠨ ᠬᠡᠷᠡᠭ ᠪᠢᠰᠢ ᠤᠤ? ᠲᠠ ᠶᠠᠭᠤᠨ ᠳ᠋ᠤᠨᠢ ᠡᠷᠡᠭᠡᠯᠵᠡᠵᠦ ᠰᠢᠨᠠᠯᠤᠨ᠎ᠠ ᠪᠣᠢ? ᠬᠦᠰᠡᠪᠡᠯ ᠨᠠᠳᠠᠳᠤ ᠲᠤᠰᠢᠶᠠᠭᠲᠤᠨ᠃ᠪᠢ ᠪᠡᠯᠡᠨ ᠪᠠᠢᠨ᠎ᠠ᠃
ᠡᠢᠮᠦ ᠦᠭᠡ ᠶ᠋ᠢ ᠬᠠᠷᠢᠭᠰᠠᠨ ᠬᠣᠢᠨ᠎ᠠ ᠪᠠᠨ ᠬᠠᠨᠲᠡᠮᠦᠷ ᠬᠡᠯᠡᠭᠰᠡᠨ ᠪᠢᠯᠡ᠃ᠭᠡᠪᠡᠴᠦ ᠵᠠᠮᠤᠬ᠎ᠠ ᠡᠮ᠎ᠡ ᠮᠤᠩᠳᠠᠭᠰᠠᠨ ᠪᠢᠰᠢ᠂ ᠨᠢᠭᠡ ᠤᠳᠤᠮ ᠤ᠋ᠨ ᠲᠡᠮᠦᠵᠢᠨ ᠦ᠌ ᠰᠦᠢᠲᠦ ᠪᠦᠰᠡᠭᠦᠢ ᠶ᠋ᠢ ᠪᠤᠯᠢᠶᠠᠨ ᠠᠪᠬᠤ ᠨᠢ ᠲᠤᠢᠯ ᠤ᠋ᠨ ᠵᠣᠬᠢᠰ ᠦᠭᠡᠢ ᠶᠠᠪᠤᠳᠠᠯ ᠭᠡᠵᠦ ᠵᠠᠮᠤᠬ᠎ᠠ ᠦᠵᠡᠭᠡᠳ ᠬᠠᠨᠲᠡᠮᠦᠷ ᠦ᠋ᠨ ᠬᠣᠣᠷᠲᠠᠢ ᠦᠭᠡᠨ ᠳ᠋ᠦ᠍ ᠠᠪᠲᠠᠭᠰᠠᠨ ᠦᠭᠡᠢ ᠪᠠᠰᠠ ᠶᠢᠰᠦᠭᠡᠢ ᠶ᠋ᠢᠨ ᠭᠡᠨᠡᠳᠲᠡ ᠶ᠋ᠢᠨ ᠦᠬᠦᠯ᠂ ᠪᠥᠷᠲᠡ᠂ ᠲᠡᠮᠦᠵᠢᠨ ᠬᠣᠶᠠᠷ ᠤ᠋ᠨ ᠰᠦᠢ ᠲᠠᠯᠪᠢᠭᠰᠠᠨ ᠢ᠋ ᠣᠯᠠᠨ ᠳ᠋ᠤ᠌ ᠵᠠᠷᠯᠠᠵᠤ ᠮᠡᠳᠡᠭᠳᠡᠭᠰᠡᠨ ᠲᠤᠯᠠ ᠪᠥᠷᠲᠡ ᠶ᠋ᠢ ᠪᠤᠯᠢᠶᠠᠨ ᠠᠪᠬᠤ ᠨᠢ ᠣᠳᠣᠬᠠᠨ ᠳ᠋ᠠᠭᠠᠨ ᠲᠡᠭᠦᠨ ᠦ᠌ ᠮᠠᠲᠠᠯ ᠳ᠋ᠤ᠌ ᠪᠠᠢᠭ᠎ᠠ ᠪᠣᠷᠵᠢᠭᠢᠨ ᠠᠢᠮᠠᠭ ᠤ᠋ᠨ ᠣᠯᠠᠨ ᠢᠷᠭᠡᠳ ᠦ᠋ᠨ ᠳᠤᠷ᠎ᠠ ᠦᠭᠡᠢ ᠶ᠋ᠢ ᠬᠦᠷᠭᠡᠬᠦ ᠠᠶᠤᠯᠲᠠᠢ ᠪᠠᠢᠪᠠ᠃ᠶᠢᠰᠦᠭᠡᠢ ᠶ᠋ᠢᠨ ᠣᠷᠣᠨ ᠳ᠋ᠤ᠌ ᠬᠠᠨ ᠰᠠᠭᠤᠬᠤ ᠢᠯᠡᠷᠬᠡᠢ ᠬᠦᠴᠦᠲᠡᠨ ᠪᠠᠢᠬᠤ ᠦᠭᠡᠢ᠂ ᠪᠠᠰᠠ ᠲᠡᠮᠦᠵᠢᠨ ᠨᠢᠯᠬ᠎ᠠ ᠪᠠᠢᠭᠰᠠᠨ ᠡᠴᠡ ᠪᠣᠯᠵᠤ ᠵᠠᠳᠠᠷᠠᠭᠰᠠᠨ ᠪᠣᠯᠬᠤ ᠡᠴᠡ ᠪᠣᠷᠵᠢᠭᠢᠨ ᠠᠢᠮᠠᠭ ᠤ᠋ᠨ ᠬᠢᠨ ᠳ᠋ᠦ᠍ ᠡᠷᠭᠢᠭᠡᠳ ᠨᠢᠭᠡᠳᠬᠦ ᠡᠷᠡᠮᠡᠯᠵᠡᠯ ᠬᠦᠴᠦᠲᠡᠢ ᠬᠡᠪ ᠢ᠋ᠶ᠋ᠡᠷ ᠪᠠᠢᠭᠰᠠᠨ ᠵᠡᠷᠭᠡ ᠡᠴᠡ ᠡᠭᠦᠳᠦᠨ ᠶᠢᠰᠦᠭᠡᠢ ᠶ᠋ᠢᠨ ᠬᠥᠪᠡᠭᠦᠨ ᠲᠡᠮᠦᠵᠢᠨ ᠦ᠌ ᠡᠰᠡᠷᠭᠦ ᠤᠯᠠᠭᠠᠨ ᠴᠡᠢᠮ᠎ᠡ᠂ ᠢᠯᠡ ᠲᠣᠳᠣ ᠬᠥᠳᠡᠯᠪᠡᠯ ᠶᠠᠭᠤ ᠪᠣᠯᠬᠤ ᠶ᠋ᠢ ᠵᠠᠮᠤᠬ᠎ᠠ ᠰᠠᠢᠲᠤᠷ ᠲᠣᠭᠠᠴᠢᠭᠰᠠᠨ ᠪᠢᠯᠡ᠃
ᠶᠢᠰᠦᠭᠡᠢ ᠶ᠋ᠢᠨ ᠤᠤᠭᠠᠨ ᠬᠥᠪᠡᠭᠦᠨ ᠢ᠋ ᠰᠢᠨ᠎ᠡ ᠲᠣᠯᠣᠭᠠᠢᠯᠠᠭᠴᠢ ᠪᠠᠨ ᠪᠣᠯᠤᠨ᠎ᠠ ᠭᠡᠰᠡᠨ ᠢᠲᠡᠭᠡᠯ ᠪᠣᠷᠵᠢᠭᠢᠨ ᠠᠢᠮᠠᠭ ᠤ᠋ᠨ ᠬᠢᠨ ᠦ᠌ ᠳᠣᠲᠣᠷ᠎ᠠ ᠬᠦᠴᠦᠲᠡᠢ ᠬᠡᠪ ᠢ᠋ᠶ᠋ᠡᠷ ᠪᠠᠢᠭ᠎ᠠ ᠨᠢ ᠮᠡᠳᠡᠷᠡᠭᠳᠡᠳᠡᠭ ᠪᠠᠢᠯ᠎ᠠ᠃ᠭᠡᠬᠦ ᠳ᠋ᠡᠭᠡᠨ ᠵᠠᠮᠤᠬ᠎ᠠ᠂ ᠶᠢᠰᠦᠭᠡᠢ ᠲᠡᠢ ᠬᠣᠯᠠ ᠶ᠋ᠢᠨ ᠤᠳᠤᠮ ᠤᠭᠰᠠᠭ᠎ᠠ ᠨᠢᠭᠡ ᠤᠴᠢᠷ ᠡᠴᠡ ᠪᠣᠷᠵᠢᠭᠢᠨ ᠠᠢᠮᠠᠭ ᠤ᠋ᠨ ᠬᠠᠭᠠᠰ ᠢᠷᠭᠡᠨ ᠡᠬᠢᠨ ᠦ᠌ ᠦᠶ᠎ᠡ ᠳ᠋ᠦ᠍ ᠲᠡᠭᠦᠨ ᠢ᠋ ᠪᠠᠷᠠᠳᠠᠭᠰᠠᠨ ᠶᠤᠮ᠃ᠲᠡᠳᠡᠨ ᠢ᠋ ᠳᠡᠷᠭᠡᠳᠡ ᠪᠡᠨ ᠪᠠᠷᠢᠬᠤ ᠶ᠋ᠢᠨ ᠲᠤᠯᠠᠳᠠ ᠲᠡᠮᠦᠵᠢᠨ ᠪᠣᠯᠤᠭᠠᠳ ᠶᠢᠰᠦᠭᠡᠢ ᠶ᠋ᠢᠨ ᠭᠡᠷ ᠪᠦᠯᠢ ᠶ᠋ᠢᠨ ᠬᠢᠨ ᠳ᠋ᠦ᠍ ᠨᠠᠢᠷᠰᠠᠭ ᠪᠢᠰᠢ ᠶᠤᠮ ᠭᠡᠬᠦ ᠳ᠋ᠦ᠍ ᠳᠠᠢᠰᠤᠩᠨᠠᠨ ᠬᠠᠨᠳᠤᠵᠤ ᠪᠣᠯᠬᠤ ᠦᠭᠡᠢ᠂ ᠪᠠᠰᠠ ᠤᠯᠠᠭᠠᠨ ᠴᠡᠢᠮ᠎ᠡ ᠳᠡᠮᠵᠢᠵᠦ ᠲᠡᠮᠦᠵᠢᠨ ᠦ᠌ ᠬᠦᠴᠦ ᠶ᠋ᠢ ᠨᠡᠮᠡᠬᠦ ᠨᠢ ᠣᠯᠤᠭᠰᠠᠨ ᠢᠷᠭᠡᠳ ᠢ᠋ᠶ᠋ᠡᠨ ᠪᠤᠴᠠᠭᠠᠵᠤ ᠠᠯᠳᠠᠬᠤ ᠳ᠋ᠤ᠌ ᠬᠦᠷᠭᠡᠬᠦ ᠲᠤᠯᠠ ᠶᠢᠰᠦᠭᠡᠢ ᠶ᠋ᠢᠨ ᠠᠯᠪᠠᠨ ᠶᠣᠰᠣᠨ ᠤ᠋ ᠵᠠᠯᠭᠠᠮᠵᠢᠯᠠᠭᠴᠢ ᠲᠡᠮᠦᠵᠢᠨ ᠢ᠋ ᠬᠥᠨᠳᠡᠯᠡᠨ ᠦ᠌ ᠬᠥᠮᠦᠨ ᠦ᠌ ᠭᠠᠷ ᠲᠤ᠌ ᠦᠬᠦᠭᠡᠰᠡᠢ ᠭᠡᠵᠦ ᠵᠠᠮᠤᠬ᠎ᠠ ᠬᠦᠰᠡᠵᠦ ᠶᠠᠪᠤᠭᠰᠠᠨ ᠪᠥᠭᠡᠳ ᠡᠢᠮᠦ ᠴᠦ᠍ ᠤᠴᠢᠷ ᠡᠴᠡ ᠲᠡᠮᠦᠵᠢᠨ ᠢ᠋ ᠵᠦᠩ ᠳ᠋ᠦ᠍ᠨᠢ ᠮᠠᠷᠲᠠᠭᠰᠠᠨ ᠮᠡᠲᠦ ᠣᠷᠬᠢᠭᠰᠠᠨ ᠪᠢᠯᠡ᠃ᠲᠡᠮᠦᠵᠢᠨ ᠪᠣᠯ ᠵᠠᠮᠤᠬ᠎ᠠ ᠶ᠋ᠢᠨ ᠬᠤᠪᠢ ᠳ᠋ᠤ᠌ ᠪᠠᠭ᠎ᠠ ᠶ᠋ᠢᠨ ᠠᠨᠳᠠ ᠪᠣᠯᠪᠠᠴᠤ ᠪᠣᠷᠵᠢᠭᠢᠨ ᠠᠢᠮᠠᠭ ᠤ᠋ᠨ ᠢᠷᠭᠡᠳ ᠲᠡᠭᠦᠨ ᠳ᠋ᠦ᠍ ᠳᠠᠭᠠᠵᠤ ᠢᠷᠡᠭᠰᠡᠨ ᠡᠴᠡ ᠬᠣᠢᠰᠢ ᠥᠷᠢᠰᠦᠯᠳᠦᠭᠴᠢ ᠨᠢ ᠪᠣᠯᠪᠠ᠃ᠭᠡᠬᠦ ᠳ᠋ᠡᠭᠡᠨ ᠥᠨᠥᠴᠢᠨ ᠬᠣᠴᠣᠷᠤᠭᠰᠠᠨ ᠶᠠᠳᠠᠭᠤ ᠲᠡᠮᠦᠵᠢᠨ ᠢ᠋ ᠬᠣᠭᠣᠰᠣᠨ ᠨᠡᠷ᠎ᠡ ᠡᠴᠡ ᠴᠠᠭᠠᠰᠢ ᠦᠭᠡᠢ ᠶᠣᠰᠣ ᠲᠡᠳᠦᠢ ᠥᠷᠢᠰᠦᠯᠳᠦᠭᠴᠢ ᠭᠡᠵᠦ ᠦᠵᠡᠵᠦ ᠪᠠᠢᠪᠠ᠃ᠲᠡᠷᠡ ᠦᠶ᠎ᠡ ᠳ᠋ᠦ᠍ ᠶᠢᠰᠦᠭᠡᠢ ᠡᠴᠢᠭᠡ ᠶ᠋ᠢᠨ ᠬᠢᠨᠢ ᠬᠠᠭᠤᠴᠢᠨ ᠶᠡᠬᠡ ᠠᠯᠳᠠᠷ ᠨᠡᠷ᠎ᠡ ᠡᠴᠡ ᠥᠭᠡᠷ᠎ᠡ ᠶᠠᠭᠤᠮ᠎ᠠ ᠲᠡᠮᠦᠵᠢᠨ ᠳ᠋ᠦ᠍ ᠪᠠᠢᠭ᠎ᠠ ᠦᠭᠡᠢ ᠨᠢ ᠢᠩᠭᠢᠵᠦ ᠦᠵᠡᠬᠦ ᠳ᠋ᠦ᠍ ᠬᠦᠷᠭᠡᠵᠡᠢ᠃ᠲᠡᠢᠮᠦ ᠤᠴᠢᠷ ᠡᠴᠡ ᠵᠠᠮᠤᠬ᠎ᠠ ᠲᠡᠮᠦᠵᠢᠨ ᠳ᠋ᠦ᠍ ᠡᠬᠢᠨ ᠦ᠌ ᠦᠶ᠎ᠡ ᠳ᠋ᠦ᠍ ᠥᠷᠦᠪᠴᠢ ᠥᠭᠭᠢᠶᠡᠮᠦᠷ ᠠᠭᠠᠳ ᠬᠠᠷᠠᠮ ᠦᠭᠡᠢ ᠲᠤᠰᠠᠴᠢ ᠰᠡᠳᠬᠢᠯ ᠢ᠋ᠶ᠋ᠡᠷ ᠬᠠᠨᠳᠤᠵᠤ ᠪᠠᠢᠯ᠎ᠠ᠃ᠬᠠᠷᠢᠨ ᠡᠨᠡ ᠶᠠᠪᠤᠳᠠᠯ ᠲᠡᠭᠦᠨ ᠦ᠌ ᠠᠭᠤᠴᠢᠯᠠᠵᠤ ᠪᠣᠯᠣᠰᠢ ᠦᠭᠡᠢ ᠠᠯᠳᠠᠭ᠎ᠠ ᠪᠠᠢᠭᠰᠠᠨ ᠢ᠋ ᠣᠳᠣ ᠲᠡᠷᠡ ᠣᠢᠯᠠᠭᠠᠪᠠ᠃ᠪᠦᠬᠦ ᠶᠠᠭᠤᠮ᠎ᠠ ᠪᠥᠷᠲᠡ ᠶ᠋ᠢ ᠲᠡᠮᠦᠵᠢᠨ ᠳ᠋ᠦ᠍ ᠥᠭᠭᠦᠭᠰᠡᠨ ᠡᠴᠡ ᠪᠣᠯᠪᠠ ᠭᠡᠵᠦ ᠤᠬᠠᠭᠠᠷᠠᠬᠤ ᠪᠦᠷᠢ ᠬᠠᠨᠲᠡᠮᠦᠷ ᠭᠡᠬᠦ ᠡᠨᠡ ᠲᠡᠨᠡᠭ ᠮᠤᠨᠤᠭ ᠪᠣᠭᠣᠯ ᠤ᠋ᠨ ᠬᠡᠯᠡᠭᠰᠡᠨ ᠦᠭᠡ ᠶ᠋ᠢ ᠳᠠᠭᠠᠬᠤ ᠮᠢᠨᠢ ᠶᠠᠭᠠᠬᠢᠪᠠ ᠭᠡᠵᠦ ᠬᠠᠷᠠᠮᠰᠠᠬᠤ ᠰᠡᠳᠬᠢᠯ ᠭᠡᠨᠡᠨ ᠭᠡᠨᠡᠨ ᠬᠦᠴᠦᠲᠡᠢ ᠲᠥᠷᠥᠵᠦ ᠭᠠᠯᠵᠠᠭᠤᠷᠠᠭᠤᠯᠬᠤ ᠰᠢᠬᠠᠨ᠎ᠠ᠃
— ᠨᠠᠳᠠᠳᠤ ᠬᠣᠶᠠᠷ ᠵᠠᠭᠤᠨ ᠴᠡᠷᠢᠭ ᠥᠭᠭᠦᠭᠲᠦᠨ᠃ᠪᠢ ᠣᠴᠢᠭᠠᠳ ᠲᠡᠷᠡ ᠲᠡᠮᠦᠵᠢᠨ ᠢ᠋᠂ ᠡᠬᠡ ᠥᠨᠥᠴᠢᠨ ᠳᠡᠭᠦᠦ ᠨᠠᠷ ᠤ᠋ᠨ ᠬᠢᠨᠢ ᠬᠠᠮᠲᠤ ᠴᠠᠪᠴᠢᠨ ᠠᠯᠠᠭᠠᠳ ᠤᠨᠤᠨ ᠤ᠋ ᠮᠥᠰᠥᠨ ᠳᠣᠣᠭᠤᠷ ᠬᠢᠵᠦ ᠤᠷᠭᠢᠶ᠎ᠠ᠃ᠲᠠᠨ ᠤ᠋ ᠰᠢᠨᠠᠯᠬᠤ ᠶ᠋ᠢ ᠬᠠᠷᠠᠭᠠᠳ ᠲᠡᠪᠴᠢᠨ ᠰᠠᠭᠤᠵᠤ ᠴᠢᠳᠠᠬᠤ ᠦᠭᠡᠢ ᠨᠢ᠃ᠣᠳᠣ ᠲᠡᠮᠦᠵᠢᠨ ᠢ᠋ ᠠᠯᠠᠭ᠎ᠠ ᠪᠣᠯᠪᠠ᠂ ᠦᠬᠦᠪᠡ ᠭᠡᠳ ᠬᠡᠨ ᠴᠦ᠍ ᠡᠷᠢᠵᠦ ᠰᠤᠷᠠᠬᠤ ᠦᠭᠡᠢ᠃ᠲᠡᠭᠡᠭᠡᠳ ᠪᠢ ᠲᠡᠷᠡ ᠪᠥᠷᠲᠡ ᠶ᠋ᠢ ᠲᠠᠨ ᠳ᠋ᠤ᠌ ᠪᠤᠯᠢᠶᠠᠨ ᠠᠪᠴᠢᠷᠠᠵᠤ ᠥᠭᠭᠦᠶ᠎ᠡ᠃
ᠬᠠᠨᠲᠡᠮᠦᠷ ᠦ᠋ᠨ ᠢᠩᠭᠢᠵᠦ ᠬᠡᠯᠡᠭᠰᠡᠨ ᠢ᠋ ᠵᠥᠪᠰᠢᠶᠡᠷᠡᠵᠦ ᠴᠡᠷᠢᠭ ᠥᠭᠴᠦ ᠮᠣᠷᠳᠠᠭᠤᠯᠤᠭᠰᠠᠨ ᠪᠣᠯ ᠡᠳᠦᠢ ᠳ᠋ᠦ᠍ ᠢᠩᠭᠢᠵᠦ ᠦᠬᠦᠯ᠂ ᠢᠯᠠᠭᠳᠠᠯ ᠢ᠋ᠶ᠋ᠠᠨ ᠬᠦᠯᠢᠶᠡᠨ ᠬᠡᠪᠲᠡᠬᠦ ᠦᠭᠡᠢ ᠪᠠᠢᠭᠰᠠᠨ ᠴᠤ᠌ ᠪᠠᠢᠵᠤ ᠮᠡᠳᠡᠨ᠎ᠡ᠃ᠵᠠᠮᠤᠬ᠎ᠠ ᠡᠨᠡ ᠪᠦᠭᠦᠳᠡ ᠳ᠋ᠦ᠍ ᠥᠪᠡᠷ ᠢ᠋ ᠪᠡᠨ ᠪᠤᠷᠤᠭᠤᠳᠬᠠᠨ ᠶᠠᠯᠠᠯᠠᠬᠤ ᠰᠠᠨᠠᠭ᠎ᠠ ᠦᠭᠡᠢ ᠪᠠᠢᠪᠠ᠃ᠬᠠᠷᠢᠨ ᠴᠣᠬᠣᠮ ᠲᠡᠷᠡ ᠦᠶ᠎ᠡ ᠳ᠋ᠦ᠍ ᠶᠠᠭᠠᠬᠢᠭᠠᠳ ᠲᠡᠮᠦᠵᠢᠨ ᠢ᠋ ᠠᠯᠠᠬᠤ ᠰᠠᠨᠠᠭ᠎ᠠ ᠳᠥᠷᠥᠭᠡ ᠦᠭᠡᠢ ᠶ᠋ᠢ ᠭᠠᠢᠬᠠᠪᠠ᠃ᠶᠠᠭᠠᠬᠢᠭᠠᠳ᠂ ᠲᠡᠮᠦᠵᠢᠨ ᠶᠠᠭᠠᠬᠢᠭᠠᠳ ᠠᠮᠢᠳᠤ ᠦᠯᠡᠳᠡᠪᠡ? ᠲᠡᠭᠦᠨ ᠳ᠋ᠦ᠍ ᠳᠠᠢᠰᠤᠨ ᠣᠯᠠᠨ ᠪᠠᠢᠭᠰᠠᠨ᠃ᠵᠠᠮᠤᠬ᠎ᠠ ᠪᠢᠰᠢ ᠶᠤᠮ ᠭᠡᠬᠦ ᠳ᠋ᠦ᠍ ᠥᠭᠡᠷ᠎ᠡ ᠬᠡᠨ ᠨᠢᠭᠡ ᠨᠢ ᠲᠡᠮᠦᠵᠢᠨ ᠢ᠋ ᠶᠠᠭᠠᠬᠢᠭᠠᠳ ᠠᠯᠠᠵᠤ ᠣᠷᠬᠢᠭ᠎ᠠ ᠦᠭᠡᠢ ᠶᠤᠮ ᠪᠣᠯ? ᠪᠦᠷ ᠣᠯᠵᠠᠯᠠᠨ ᠠᠪᠠᠴᠢᠭᠰᠠᠨ ᠮᠥᠷᠲᠡᠭᠡᠨ ᠲᠠᠢᠴᠢᠭᠤᠳ ᠤ᠋ᠨ ᠲᠠᠷᠭᠤᠲᠠᠢ ᠲᠡᠮᠦᠵᠢᠨ ᠢ᠋ ᠠᠯᠠᠵᠤ ᠣᠷᠬᠢᠭ᠎ᠠ ᠦᠭᠡᠢ ᠶ᠋ᠢ ᠭᠠᠢᠬᠠᠭᠠᠳ ᠪᠠᠷᠠᠭᠰᠠᠨ ᠦᠭᠡᠢ᠃ᠣᠯᠵᠠᠯᠠᠨ ᠠᠪᠤᠭᠰᠠᠨ ᠢ᠋ ᠰᠣᠨᠣᠰᠤᠭᠠᠳ 《ᠲᠡᠮᠦᠵᠢᠨ ᠦ᠌ ᠦᠬᠦᠯ ᠢᠷᠡᠵᠡᠢ》 ᠭᠡᠵᠦ ᠵᠠᠮᠤᠬ᠎ᠠ ᠶ᠋ᠢ ᠪᠤᠤ ᠬᠡᠯᠡ ᠣᠯᠠᠨ ᠬᠥᠮᠦᠨ ᠢᠲᠡᠭᠡᠭᠰᠡᠨ ᠪᠢᠯᠡ᠃ᠤᠴᠠᠷᠠᠭᠰᠠᠨ ᠦᠬᠦᠯ ᠪᠣᠯᠭᠠᠨ ᠡᠴᠡ ᠮᠣᠭᠠᠢ ᠮᠡᠲᠦ ᠭᠤᠯᠠᠰᠤᠨ ᠵᠢᠭᠤᠲᠠᠵᠤ ᠣᠳᠳᠠᠭ ᠴᠢᠳᠠᠪᠤᠷᠢ ᠲᠡᠮᠦᠵᠢᠨ ᠳ᠋ᠦ᠍ ᠬᠠᠮᠢᠭ᠎ᠠ ᠡᠴᠡ ᠪᠣᠢ ᠪᠣᠯᠪᠠ ᠭᠡᠵᠦ ᠭᠠᠢᠬᠠᠨ ᠪᠣᠳᠣᠵᠤ ᠬᠡᠪᠲᠡᠯ᠎ᠡ᠃ᠵᠡᠭᠡᠷᠡᠨ ᠬᠠᠪᠴᠢᠯ ᠳ᠋ᠤ᠌ ᠲᠡᠮᠦᠵᠢᠨ ᠢ᠋ ᠣᠷᠣᠭᠤᠯᠵᠤ ᠬᠠᠰᠢᠭᠰᠠᠨ ᠲᠡᠷᠡ ᠳᠣᠯᠣᠭᠠᠨ ᠢ᠋ ᠡᠴᠦᠰ ᠲᠦ᠋ᠨᠢ ᠬᠦᠷᠭᠡᠵᠦ ᠲᠡᠭᠦᠨ ᠢ᠋ ᠦᠬᠦᠭᠦᠯᠬᠦ ᠦᠭᠡᠢ ᠣᠷᠬᠢᠭᠰᠠᠨ ᠨᠢ ᠪᠠᠰᠠ ᠯᠠ ᠵᠠᠮᠤᠬ᠎ᠠ ᠶ᠋ᠢᠨ ᠪᠤᠷᠤᠭᠤ ᠶᠤᠮ᠃ᠲᠡᠮᠦᠵᠢᠨ ᠦ᠌ ᠨᠢᠭᠤᠴᠠ ᠪᠠᠷ ᠢᠷᠡᠭᠦᠯᠦᠭᠰᠡᠨ ᠵᠥᠴᠢ᠂ ᠴᠠᠭᠠᠲᠠᠢ ᠬᠣᠶᠠᠷ ᠬᠥᠪᠡᠭᠦᠨ ᠢ᠋ ᠨᠢ ᠦᠵᠡᠮᠡᠭᠴᠡ ᠵᠠᠮᠤᠬ᠎ᠠ ᠪᠦᠷ ᠨᠢᠯᠪᠤᠰᠤ ᠪᠠᠨ ᠨᠢᠭᠤᠨ ᠪᠠᠢᠵᠤ ᠤᠶᠠᠷᠠᠭᠰᠠᠨ ᠪᠢᠯᠡ᠃ᠲᠤᠭᠤᠷᠢᠯ ᠬᠠᠨ ᠤ᠋ ᠭᠡᠷ ᠲᠦ᠍ ᠴᠣᠭ ᠠᠮᠢᠳᠤᠷᠠᠵᠤ ᠪᠠᠢᠬᠤ ᠳ᠋ᠠᠭᠠᠨ ᠲᠠᠯᠪᠢᠭᠰᠠᠨ ᠲᠠᠩᠭᠠᠷᠢᠭ ᠢ᠋ᠶ᠋ᠠᠨ ᠰᠠᠨᠠᠭᠤᠯᠵᠤ᠂ ᠬᠥᠪᠡᠭᠦᠳ ᠢ᠋ᠶ᠋ᠡᠨ ᠪᠠᠲᠤᠯᠠᠭ᠎ᠠ ᠪᠣᠯᠭᠠᠨ ᠢᠷᠡᠭᠦᠯᠦᠭᠰᠡᠨ ᠢ᠋ ᠦᠵᠡᠭᠡᠳ ᠵᠠᠮᠤᠬ᠎ᠠ ᠶᠠᠭᠤᠨ ᠳ᠋ᠤ᠌ ᠴᠤ᠌ ᠶᠤᠮ ᠬᠠᠴᠢᠨ ᠶᠡᠬᠡ ᠪᠡᠷ ᠳᠣᠭᠳᠣᠯᠤᠨ ᠤᠶᠠᠷᠠᠵᠤ᠂ ᠲᠡᠮᠦᠵᠢᠨ ᠦ᠌ ᠦᠨᠡᠨᠴᠢ ᠰᠡᠳᠬᠢᠯ ᠢ᠋ ᠪᠣᠳᠣᠬᠤ ᠡᠴᠡ ᠪᠦᠷ ᠢᠴᠢᠵᠦ᠂ ᠪᠠᠰᠠ ᠪᠠᠬᠠᠷᠬᠠᠭᠰᠠᠨ ᠪᠢᠯᠡ᠃ᠨᠢᠭᠡ ᠮᠠᠭᠤ ᠠᠳᠠᠰᠬ᠎ᠠ ᠶ᠋ᠢᠨ ᠬᠤᠯᠠᠭᠠᠢ ᠡᠴᠡ ᠪᠣᠯᠵᠤ ᠠᠨᠳᠠ ᠶ᠋ᠢᠨ ᠲᠠᠩᠭᠠᠷᠢᠭ ᠢ᠋ᠶ᠋ᠠᠨ ᠡᠪᠳᠡᠨ ᠲᠥᠷᠥᠭᠦᠯᠵᠦ ᠳᠣᠪᠲᠣᠯᠤᠭᠰᠠᠨ ᠪᠤᠷᠤᠭᠤᠲᠠᠨ ᠨᠢ ᠶᠠᠭᠠᠬᠢᠬᠤ ᠠᠷᠭ᠎ᠠ ᠦᠭᠡᠢ ᠵᠠᠮᠤᠬ᠎ᠠ ᠪᠠᠢᠪᠠ᠃ᠳᠡᠭᠡᠷᠡᠬᠢ ᠬᠡᠷᠡᠭ ᠢ᠋ ᠵᠥᠪᠬᠡᠨ ᠰᠢᠯᠲᠠᠭ ᠪᠣᠯᠭᠠᠨ ᠴᠡᠷᠢᠭ ᠢ᠋ᠶ᠋ᠡᠨ ᠬᠥᠳᠡᠯᠭᠡᠨ ᠳᠠᠭᠠᠷᠢᠭᠰᠠᠨ ᠢ᠋ ᠰᠢᠭᠦᠮᠵᠢᠯᠡᠭᠰᠡᠨ ᠲᠡᠮᠦᠵᠢᠨ ᠦ᠌ ᠦᠭᠡ ᠶ᠋ᠢ ᠵᠥᠴᠢ ᠬᠥᠪᠡᠭᠦᠨ ᠰᠢᠩᠭᠡᠨ ᠴᠡᠭᠡᠯ ᠳᠠᠭᠤ ᠪᠠᠷ ᠴᠠᠩᠭᠢᠨᠠᠭᠤᠯᠤᠨ ᠬᠡᠯᠡᠬᠦ ᠳ᠋ᠦ᠍ ᠵᠠᠮᠤᠬ᠎ᠠ ᠢᠴᠢᠭᠰᠡᠨ ᠳ᠋ᠡᠭᠡᠨ ᠨᠢᠭᠤᠷ ᠤᠯᠠᠢᠭᠰᠠᠨ ᠪᠢᠯᠡ᠃ᠬᠠᠷᠢᠨ ᠵᠥᠴᠢ ᠴᠠᠭᠠᠲᠠᠢ ᠬᠣᠶᠠᠷ ᠢ᠋ ᠳᠠᠭᠠᠵᠤ ᠢᠷᠡᠭᠰᠡᠨ ᠪᠣᠭᠣᠯ ᠤ᠋ᠨ ᠬᠠᠴᠢᠨ ᠡᠲᠡᠭᠡᠳ ᠵᠢᠭᠠᠰᠤᠨ ᠨᠢᠳᠦ ᠣᠳᠣ ᠴᠤ᠌ ᠰᠡᠳᠬᠢᠯ ᠳ᠋ᠦ᠍ᠨᠢ ᠬᠠᠳᠠᠭᠠᠰᠤ ᠲᠠᠢ ᠳᠦᠷᠯᠡᠢᠵᠦ᠂ ᠬᠠᠷᠠᠴᠠ ᠰᠠᠯᠭᠠᠬᠤ ᠦᠭᠡᠢ ᠰᠢᠷᠲᠡᠭᠰᠡᠭᠡᠷ ᠪᠠᠢᠭᠰᠠᠨ ᠨᠢ ᠦᠵᠡᠭᠳᠡᠬᠦ ᠰᠢᠭ ᠪᠣᠯᠬᠤ ᠳ᠋ᠤ᠌ ᠨᠢᠳᠦ ᠪᠡᠨ ᠠᠨᠢᠪᠠ᠃ᠭᠡᠰᠡᠨ ᠴᠦ᠍ ᠥᠨᠥᠬᠢ ᠵᠢᠭᠠᠰᠤᠨ ᠨᠢᠳᠦ ᠣᠭᠲᠣ ᠴᠠᠪᠴᠢᠬᠤ ᠦᠭᠡᠢ ᠪᠡᠷ ᠥᠭᠡᠳᠡ ᠡᠴᠡ ᠨᠢ ᠰᠢᠷᠳᠡᠭᠰᠡᠭᠡᠷ ᠪᠠᠢᠪᠠ᠃
— ᠨᠢᠳᠦ ᠨᠢ ᠰᠣᠬᠣᠷᠠᠮᠠᠷ ᠭᠡᠵᠦ ᠵᠠᠮᠤᠬ᠎ᠠ ᠡᠭᠦᠨ ᠢ᠋ ᠲᠡᠪᠴᠢᠵᠦ ᠡᠰᠡ ᠴᠢᠳᠠᠭᠠᠳ ᠬᠠᠷᠢᠶᠠᠯ ᠲᠠᠯᠪᠢᠨ ᠨᠢᠳᠦ ᠪᠡᠨ ᠨᠡᠭᠡᠭᠡᠵᠡᠢ᠃ᠲᠡᠭᠦᠨ ᠢ᠋ ᠤᠨᠲᠠᠵᠤ ᠪᠠᠢᠨ᠎ᠠ ᠭᠡᠵᠦ ᠰᠠᠨᠠᠭᠰᠠᠨ ᠬᠠᠨᠳᠠᠮᠦᠷ ᠡᠵᠡᠨ ᠢ᠋ᠶ᠋ᠡᠨ ᠭᠡᠨᠡᠳᠲᠡ ᠳᠤᠤᠭᠠᠷᠤᠭᠰᠠᠨ ᠳ᠋ᠤ᠌ ᠰᠣᠴᠢᠨ ᠳᠠᠪ ᠬᠢᠵᠦ ᠳᠠᠬᠢᠨ ᠶᠠᠭᠤ ᠭᠡᠬᠦ ᠪᠣᠯ ᠭᠡᠵᠦ ᠬᠦᠯᠢᠶᠡᠭᠰᠡᠨ ᠴᠦ᠍ ᠵᠠᠮᠤᠬ᠎ᠠ ᠶ᠋ᠢᠨ ᠠᠮᠠᠨ ᠡᠴᠡ ᠦᠭᠡ ᠤᠨᠠᠭᠰᠠᠨ ᠦᠭᠡᠢ᠃
— ᠲᠡᠮᠦᠵᠢᠨ ᠵᠠᠯᠢ ᠮᠡᠬᠡ ᠭᠠᠷᠭᠠᠵᠤ ᠪᠠᠢᠨ᠎ᠠ᠃ᠪᠤᠤ ᠠᠪᠲᠠ᠃ᠵᠡᠭᠡᠷᠡᠨ ᠬᠠᠪᠴᠢᠯ ᠢ᠋ ᠴᠠᠭ ᠠᠯᠳᠠᠯ ᠦᠭᠡᠢ ᠳᠠᠭᠠᠷᠢᠨ ᠣᠷᠣᠶ᠎ᠠ᠃ᠦᠭᠡᠢ ᠪᠣᠯ ᠡᠨᠳᠡ ᠬᠡᠰᠡᠭ ᠴᠡᠷᠢᠭ ᠢ᠋ᠶ᠋ᠡᠨ ᠦᠯᠡᠳᠡᠭᠡᠵᠦ ᠲᠡᠮᠦᠵᠢᠨ ᠢ᠋ ᠥᠪᠡᠷ ᠢ᠋ᠶ᠋ᠡᠨ ᠣᠭᠣᠲᠣᠨ᠎ᠠ ᠮᠡᠲᠦ ᠭᠠᠷᠴᠤ ᠢᠷᠡᠬᠦ ᠶ᠋ᠢ ᠬᠦᠯᠢᠶᠡᠶ᠎ᠡ ᠭᠡᠵᠦ ᠲᠠᠢᠴᠢᠭᠤᠳ ᠤ᠋ᠨ ᠪᠤᠬᠠᠲᠠᠳᠠᠷ ᠪᠠᠭᠠᠲᠤᠷ ᠱᠠᠭᠠᠷᠳᠠᠵᠤ ᠪᠠᠢᠭᠰᠠᠨ ᠪᠢᠯᠡ᠃
ᠪᠣᠷᠵᠢᠭᠢᠨ ᠠᠢᠮᠠᠭ ᠤ᠋ᠨ ᠮᠥᠬᠥᠯ ᠵᠠᠮᠤᠬ᠎ᠠ ᠴᠢᠨᠦ ᠭᠠᠷ ᠲᠦ᠍ ᠪᠠᠢᠨ᠎ᠠ᠃ᠬᠢᠭᠰᠡᠨ ᠢ᠋ᠶ᠋ᠡᠨ ᠭᠦᠢᠴᠡᠭᠡᠭᠲᠦᠨ ᠭᠡᠬᠦ ᠶ᠋ᠢ ᠨᠢ ᠵᠠᠮᠤᠬ᠎ᠠ ᠪᠠᠰᠠ ᠯᠠ ᠲᠣᠭᠣᠭ᠎ᠠ ᠦᠭᠡᠢ᠃
ᠠᠨᠳᠠ ᠶ᠋ᠢᠨ ᠲᠠᠩᠭᠠᠷᠢᠭ ᠢ᠋ ᠰᠠᠨᠠᠭᠤᠯᠵᠤ ᠲᠡᠮᠦᠵᠢᠨ ᠦ᠌ ᠴᠡᠭᠡᠵᠢᠯᠡᠭᠦᠯᠦᠭᠰᠡᠨ ᠦᠭᠡ ᠶ᠋ᠢ ᠪᠥᠷᠲᠡ ᠡᠬᠡ ᠲᠡᠢ ᠪᠡᠨ ᠭᠠᠢᠬᠠᠯᠲᠠᠢ ᠠᠳᠠᠯᠢᠬᠠᠨ ᠨᠢᠳᠦ ᠬᠥᠮᠥᠰᠬᠡ ᠲᠡᠢ ᠵᠥᠴᠢ ᠰᠢᠩᠭᠡᠨ ᠳᠠᠭᠤ ᠪᠠᠷ ᠳᠠᠪᠲᠠᠨ ᠬᠡᠯᠡᠬᠦ ᠳ᠋ᠦ᠍ ᠵᠠᠮᠤᠬ᠎ᠠ ᠦᠨᠡᠬᠡᠷ ᠨᠢᠯᠪᠤᠰᠤ ᠤᠨᠠᠭᠠᠭᠰᠠᠨ ᠪᠢᠯᠡ᠃ᠬᠠᠷᠢᠨ ᠴᠠᠭᠠᠲᠠᠢ ᠬᠥᠪᠡᠭᠦᠨ ᠶᠠᠭ ᠯᠠ ᠲᠡᠮᠦᠵᠢᠨ ᠦ᠌ ᠠᠷᠪᠠᠨ ᠨᠠᠰᠤᠲᠠᠢ ᠦᠶ᠎ᠡ ᠶ᠋ᠢ ᠰᠠᠨᠠᠭᠳᠠᠭᠤᠯᠤᠨ᠎ᠠ᠃ᠲᠡᠷᠡ ᠬᠣᠶᠠᠷ ᠬᠥᠪᠡᠭᠦᠨ ᠦ᠌ ᠭᠡᠨᠡᠨ ᠢᠲᠡᠭᠡᠮᠡᠲᠡᠭᠡᠢ ᠴᠢᠷᠠᠢ ᠶ᠋ᠢ ᠦᠵᠡᠮᠡᠭᠴᠡ ᠡᠭᠦᠨ ᠡᠴᠡ ᠢᠯᠡᠭᠦᠦ ᠳᠣᠲᠣᠨᠣ ᠬᠦᠰᠡᠯᠲᠡ᠂ ᠠᠨᠳᠠ ᠶ᠋ᠢᠨ ᠲᠠᠩᠭᠠᠷᠢᠭ ᠤ᠋ᠨ ᠪᠠᠲᠤᠯᠠᠭ᠎ᠠ ᠭᠡᠵᠦ ᠬᠠᠮᠢᠭ᠎ᠠ ᠴᠤ᠌ ᠪᠠᠢᠬᠤ ᠦᠭᠡᠢ ᠶ᠋ᠢ ᠵᠠᠮᠤᠬ᠎ᠠ ᠤᠬᠠᠭᠠᠷᠠᠪᠠ᠃ᠪᠠᠰᠠ ᠲᠡᠮᠦᠵᠢᠨ ᠦ᠌ ᠲᠡᠨᠡᠭ ᠵᠣᠷᠢᠭ ᠢ᠋᠂ ᠬᠥᠪᠡᠭᠦᠳ ᠢ᠋ᠶ᠋ᠡᠨ ᠬᠠᠢᠷᠠᠯᠠᠬᠤ ᠦᠭᠡᠢ ᠬᠠᠲᠠᠭᠤ ᠰᠡᠳᠬᠢᠯ ᠢ᠋ ᠭᠠᠢᠬᠠᠪᠠ᠃ᠶᠠᠭᠤᠨ ᠤ᠋ ᠤᠴᠢᠷ ᠲᠡᠷᠡ ᠢᠩᠭᠢᠵᠦ ᠪᠥᠷᠲᠡ ᠶ᠋ᠢᠨ ᠪᠣᠯᠤᠭᠠᠳ ᠥᠪᠡᠷ ᠦ᠋ᠨ ᠬᠥᠪᠡᠭᠦᠨ ᠢ᠋ ᠦᠬᠦᠯ ᠤᠷᠤᠭᠤ ᠶᠠᠪᠤᠭᠤᠯᠤᠭᠰᠠᠨ ᠢ᠋ ᠲᠡᠭᠡᠬᠦ ᠳ᠋ᠦ᠍ ᠣᠢᠯᠠᠭᠠᠭ᠎ᠠ ᠦᠭᠡᠢ ᠶᠤᠮ᠃ᠬᠠᠷᠢᠨ ᠣᠳᠣ ᠪᠥᠷᠲᠡ ᠶ᠋ᠢ ᠵᠡᠭᠦᠳᠦᠯᠡᠭᠰᠡᠨ ᠦ᠌ ᠪᠡᠨ ᠬᠣᠢᠨ᠎ᠠ ᠴᠣᠬᠣᠮ ᠶᠠᠭᠤᠨ ᠤ᠋ ᠤᠴᠢᠷ ᠲᠡᠮᠦᠵᠢᠨ ᠡᠢᠮᠦ ᠬᠠᠲᠠᠭᠤ ᠴᠢᠩᠭ᠎ᠠ ᠵᠣᠷᠢᠭ ᠭᠠᠷᠭᠠᠭᠰᠠᠨ ᠢ᠋ ᠣᠢᠯᠠᠭᠠᠵᠤ ᠪᠠᠢᠪᠠ᠃ᠲᠡᠷᠡ ᠵᠥᠪᠬᠡᠨ ᠥᠪᠡᠷ ᠦ᠋ᠨ ᠠᠮᠢ ᠶ᠋ᠢ ᠠᠪᠴᠤ ᠭᠠᠷᠬᠤ ᠶ᠋ᠢᠨ ᠲᠤᠯᠠᠳᠠ ᠢᠩᠭᠢᠵᠡᠢ᠃ᠬᠠᠷ᠎ᠠ ᠠᠮᠢ ᠪᠠᠨ ᠠᠪᠤᠷᠠᠬᠤ ᠶ᠋ᠢᠨ ᠲᠤᠯᠠᠳᠠ ᠲᠡᠮᠦᠵᠢᠨ ᠳ᠋ᠦ᠍ ᠶᠠᠭᠤ ᠴᠤ᠌ ᠬᠠᠢᠷᠠᠨ ᠪᠢᠰᠢ ᠠᠵᠢ᠃ᠥᠪᠡᠷ ᠦ᠋ᠨ ᠡᠮᠦᠨ᠎ᠡ ᠡᠴᠡ ᠬᠡᠨ ᠢ᠋ ᠴᠦ᠍ ᠪᠠᠢᠭᠰᠠᠨ ᠵᠣᠯᠢᠶᠠᠰᠤᠯᠠᠵᠤ ᠴᠢᠳᠠᠬᠤ ᠬᠠᠲᠠᠭᠤ ᠬᠠᠷᠭᠢᠰ ᠵᠣᠷᠢᠭ ᠲᠡᠪᠴᠢᠶᠡᠷᠢ ᠨᠢ ᠦᠬᠦᠯ ᠡᠴᠡ ᠠᠪᠤᠷᠠᠵᠠᠢ ᠭᠡᠳᠡᠭ ᠢ᠋ ᠣᠢᠯᠠᠭᠠᠪᠠ᠃ᠵᠠᠮᠤᠬ᠎ᠠ ᠬᠣᠶᠠᠷ ᠡᠳᠦᠷ ᠤᠴᠢᠷ ᠢ᠋ ᠲᠤᠩᠭᠠᠨ ᠪᠣᠳᠣᠭᠠᠳ ᠡᠴᠦᠰ ᠦ᠋ᠨ ᠡᠴᠦᠰ ᠲᠦ᠍ ᠠᠳᠤᠭᠤ ᠳᠡᠭᠡᠷᠡᠮᠳᠡᠭᠰᠡᠨ ᠡᠴᠡ ᠪᠣᠯᠵᠤ ᠬᠢᠭᠰᠡᠨ ᠡᠨᠡ ᠳᠣᠯᠣᠭᠠᠨ ᠤ᠋ ᠵᠣᠷᠢᠯᠭ᠎ᠠ ᠪᠠᠶᠠᠯᠠᠪᠠ ᠭᠡᠵᠦ ᠲᠣᠭᠠᠴᠠᠨ ᠲᠡᠮᠦᠵᠢᠨ ᠦ᠌ ᠨᠠᠢᠷᠠᠮᠳᠠᠬᠤ ᠰᠠᠨᠠᠯ ᠢ᠋ ᠬᠦᠯᠢᠶᠡᠨ ᠠᠪᠴᠤ ᠴᠡᠷᠢᠭ ᠢ᠋ᠶ᠋ᠡᠨ ᠲᠡᠳᠡᠨ ᠵᠡᠭᠡᠷᠡᠨ ᠬᠠᠪᠴᠢᠯ ᠡᠴᠡ ᠪᠤᠴᠠᠭᠰᠠᠨ ᠪᠢᠯᠡ᠃ᠬᠠᠷᠢᠨ ᠵᠥᠴᠢ᠂ ᠴᠠᠭᠠᠲᠠᠢ ᠬᠥᠪᠡᠭᠦᠳ ᠢ᠋ ᠨᠢ ᠠᠪᠴᠤ ᠭᠡᠷ ᠲᠡᠭᠡᠨ ᠰᠠᠭᠤᠯᠭᠠᠭᠠᠳ ᠲᠡᠮᠦᠵᠢᠨ ᠦ᠌ ᠬᠡᠷᠬᠢᠬᠦ ᠶ᠋ᠢ ᠨᠢ ᠬᠦᠯᠢᠶᠡᠬᠦ ᠪᠡᠷ ᠰᠢᠢᠳᠦᠭᠰᠡᠨ ᠴᠦ᠍ ᠣᠯᠢᠪ ᠤᠲᠤᠭᠤᠨᠠ ᠰᠢᠭ᠋ ᠵᠥᠴᠢ ᠳᠡᠭᠦᠦ ᠪᠡᠨ ᠳᠠᠭᠠᠭᠤᠯᠤᠨ ᠥᠨᠥᠬᠢ ᠬᠠᠴᠢᠨ ᠵᠢᠭᠠᠰᠤᠨ ᠨᠢᠳᠦᠲᠦ ᠳᠠᠭᠠᠭᠤᠯ ᠤ᠋ᠨ ᠢ᠋ᠶ᠋ᠠᠨ ᠬᠠᠮᠲᠤ ᠬᠠᠨᠳᠠᠮᠦᠷ ᠦ᠋ᠨ ᠬᠠᠮᠠᠷ ᠳᠣᠣᠷ᠎ᠠ ᠡᠴᠡ ᠤᠷᠭᠤᠨ ᠵᠠᠢᠯᠠᠵᠠᠢ᠃ᠲᠡᠳᠡ ᠴᠣᠬᠣᠮ ᠶᠠᠭᠠᠬᠢᠵᠤ ᠤᠷᠭᠤᠵᠤ ᠴᠢᠳᠠᠭᠰᠠᠨ ᠢ᠋ ᠬᠡᠨ ᠴᠦ᠍ ᠮᠡᠳᠡᠭᠰᠡᠨ ᠦᠭᠡᠢ᠃ᠭᠡᠪᠡᠴᠦ ᠵᠠᠮᠤᠬ᠎ᠠ ᠡᠭᠦᠨ ᠳ᠋ᠦ᠍ ᠬᠠᠷᠠᠮᠰᠠᠭᠰᠠᠨ ᠦᠭᠡᠢ᠃ᠤᠴᠢᠷ ᠨᠢ ᠴᠢᠨᠣ᠎ᠠ ᠶ᠋ᠢᠨ ᠪᠡᠯᠲᠡᠷᠭᠡ ᠶ᠋ᠢ ᠰᠣᠢᠯᠠᠵᠤ ᠭᠡᠷ ᠲᠡᠭᠡᠨ ᠠᠭᠤᠯᠬᠤ ᠨᠢ ᠡᠬᠡ ᠴᠢᠨᠣ᠎ᠠ ᠶ᠋ᠢᠨ ᠳᠠᠭᠠᠷᠢᠯᠲᠠ ᠶ᠋ᠢ ᠥᠪᠡᠷ ᠲᠡᠭᠡᠨ ᠲᠠᠲᠠᠬᠤ ᠠᠶᠤᠯ ᠲᠠᠢ ᠪᠠᠢᠳᠠᠭ ᠤ᠋ᠨ ᠠᠳᠠᠯᠢ ᠲᠡᠮᠦᠵᠢᠨ ᠬᠥᠪᠡᠭᠦᠳ ᠢ᠋ᠶ᠋ᠡᠨ ᠵᠦᠭᠡᠷ ᠣᠷᠬᠢᠬᠤ ᠦᠭᠡᠢ ᠨᠢ ᠣᠢᠯᠠᠭᠠᠮᠵᠢᠲᠠᠢ᠃ᠡᠨᠡ ᠪᠣᠯ ᠲᠡᠮᠦᠵᠢᠨ ᠦ᠌ ᠠᠮᠢ ᠨᠠᠰᠤ ᠲᠡᠭᠦᠨ ᠦ᠌ ᠭᠠᠷ ᠲᠤ᠌ ᠬᠠᠮᠤᠭ ᠤ᠋ᠨ ᠣᠢᠷᠠᠬᠠᠨ ᠪᠠᠢᠭᠰᠠᠨ ᠲᠣᠬᠢᠶᠠᠯᠳᠤᠯ ᠶᠤᠮ᠃ᠭᠡᠲᠡᠯ᠎ᠡ ᠲᠡᠷᠡ ᠲᠡᠮᠦᠵᠢᠨ ᠦ᠌ ᠤᠪ ᠮᠡᠬᠡᠨ ᠳ᠋ᠦ᠍ ᠬᠠᠭᠤᠷᠲᠠᠨ ᠰᠠᠢᠬᠠᠨ ᠪᠣᠯᠤᠮᠵᠢ ᠶ᠋ᠢ ᠠᠯᠳᠠᠭᠰᠠᠨ ᠢ᠋ᠶ᠋ᠠᠨ ᠤᠬᠠᠭᠠᠷᠠᠬᠤ ᠲᠣᠰᠤᠮ ᠬᠣᠷᠣᠰᠤᠨ ᠭᠠᠰᠢᠭᠤᠳᠠᠪᠠᠴᠤ ᠪᠠᠷᠠᠰᠢ ᠦᠭᠡᠢ ᠪᠠᠢᠯ᠎ᠠ᠃ᠲᠡᠢᠮᠦ ᠠ᠋᠃ᠲᠡᠮᠦᠵᠢᠨ ᠲᠡᠭᠦᠨ ᠢ᠋ ᠬᠠᠭᠤᠷᠤᠭᠰᠠᠨ᠂ ᠪᠦᠷ ᠪᠦᠬᠦ ᠨᠠᠰᠤ ᠪᠠᠷ ᠨᠢ ᠬᠠᠭᠤᠷᠤᠭᠰᠠᠭᠠᠷ ᠢᠷᠡᠭᠰᠡᠨ ᠮᠡᠲᠦ ᠰᠠᠨᠠᠭᠳᠠᠭᠠᠳ ᠪᠣᠯᠤᠭᠰᠠᠨ ᠦᠭᠡᠢ᠃
ᠲᠡᠮᠦᠵᠢᠨ ᠰᠦᠢ ᠲᠠᠯᠪᠢᠭᠰᠠᠨ ᠪᠥᠷᠲᠡ ᠶ᠋ᠢ ᠪᠡᠨ ᠠᠪᠴᠢᠷᠠᠵᠤ ᠬᠤᠷᠢᠮᠯᠠᠭᠰᠠᠨ ᠲᠤᠬᠠᠢ ᠮᠡᠳᠡᠭᠡ ᠶ᠋ᠢ ᠵᠠᠮᠤᠬ᠎ᠠ ᠰᠣᠨᠣᠰᠤᠭᠠᠳ ᠭᠠᠯᠵᠠᠭᠤᠷᠠᠲᠠᠯᠠ ᠪᠠᠨ ᠠᠭᠤᠷᠯᠠᠪᠠ᠃ᠲᠡᠭᠦᠨ ᠦ᠌ ᠶᠠᠭᠠᠬᠢᠭᠠᠳ ᠢᠩᠭᠢᠵᠦ ᠪᠣᠬᠢᠮᠳᠤᠭᠰᠠᠨ ᠤ᠋ ᠴᠠᠭᠠᠳᠤ ᠤᠴᠢᠷ ᠢ᠋ ᠰᠠᠢᠨ ᠮᠡᠳᠡᠬᠦ ᠭᠦᠷᠪᠡᠯᠵᠢᠨ ᠭᠤᠸ᠎ᠠ ᠬᠠᠲᠤᠨ ᠨᠢ ᠥᠪᠡᠷ ᠦ᠋ᠨ ᠠᠲᠠᠭᠠᠴᠢ ᠬᠣᠣᠷᠲᠠᠢ ᠵᠠᠩ ᠡᠴᠡ ᠪᠠᠨ ᠪᠣᠯᠵᠤ ᠲᠤᠢᠯ ᠦᠭᠡᠢ ᠶᠡᠬᠡ ᠪᠡᠷ ᠭᠡᠯᠮᠡᠭᠳᠡᠨ ᠵᠣᠪᠠᠭᠰᠠᠨ ᠪᠢᠯᠡ᠃ᠲᠡᠷᠡ ᠦᠶ᠎ᠡ ᠳ᠋ᠦ᠍ ᠵᠠᠮᠤᠬ᠎ᠠ ᠭᠦᠷᠪᠡᠯᠵᠢᠨ ᠭᠤᠸ᠎ᠠ ᠶ᠋ᠢ ᠨᠠᠢ᠍ᠮᠠᠨ ᠠᠢᠮᠠᠭ ᠡᠴᠡ ᠠᠪᠴᠢᠷᠠᠭᠠᠳ ᠤᠳᠠᠭ᠎ᠠ ᠦᠭᠡᠢ ᠪᠠᠢᠪᠠ᠃ᠠᠩᠬᠠᠨ ᠤ᠋ ᠴᠠᠰᠤ ᠪᠠᠷ ᠠᠪᠠ ᠳ᠋ᠤ᠌ ᠴᠡᠷᠢᠭᠯᠡᠨ ᠮᠣᠷᠳᠠᠭᠰᠠᠨ ᠵᠠᠮᠤᠬ᠎ᠠ ᠰᠠᠷ᠎ᠠ ᠭᠠᠷᠤᠢ ᠶᠠᠪᠤᠭᠠᠳ ᠡᠷᠭᠢᠵᠦ ᠢᠷᠡᠪᠡ᠃ᠡᠷ᠎ᠡ ᠡᠴᠡ ᠬᠠᠭᠠᠴᠠᠵᠤ ᠬᠠᠭᠰᠠᠷᠠᠭᠰᠠᠨ ᠭᠦᠷᠪᠡᠯᠵᠢᠨ ᠭᠤᠸ᠎ᠠ ᠤᠭ ᠤ᠋ᠨ ᠲᠠᠴᠢᠶᠠᠩᠭᠤᠢ ᠵᠠᠩ ᠢ᠋ᠶ᠋ᠠᠷ ᠡᠴᠡᠵᠦ ᠶᠠᠳᠠᠷᠠᠭᠰᠠᠨ ᠵᠠᠮᠤᠬ᠎ᠠ ᠶ᠋ᠢ ᠨᠣᠣᠯᠠᠵᠤ ᠨᠣᠴᠣᠵᠤ ᠬᠠᠩᠬᠤ ᠦᠭᠡᠢ ᠠᠵᠢ᠃ᠡᠨᠡ ᠲᠦᠷᠺ ᠴᠢᠰᠤᠲᠠᠢ᠂ ᠥᠳᠬᠡᠨ ᠬᠥᠮᠥᠰᠬᠡ ᠲᠡᠢ ᠪᠦᠰᠡᠭᠦᠢ ᠤᠭ ᠤ᠋ᠨ ᠬᠠᠯᠠᠭᠤᠨ ᠢᠨᠠᠭ ᠨᠢ ᠬᠡᠲᠦᠷᠬᠡᠢ ᠪᠢᠯᠡ᠃ᠬᠠᠷᠢᠨ ᠵᠠᠮᠤᠬ᠎ᠠ ᠠᠩ ᠬᠢᠬᠦ ᠵᠠᠭᠤᠷ᠎ᠠ ᠰᠠᠯᠵᠢᠭᠤᠳ ᠠᠢᠮᠠᠭ ᠡᠴᠡ ᠪᠤᠯᠢᠶᠠᠭᠰᠠᠨ ᠬᠡᠳᠦᠨ ᠪᠦᠰᠡᠭᠦᠢ ᠶ᠋ᠢ ᠡᠭᠡᠯᠵᠢᠯᠡᠨ ᠡᠳ᠋ᠯᠡᠭᠰᠡᠭᠡᠷ ᠬᠠᠮᠤᠭ ᠬᠦᠴᠦ ᠰᠢᠭᠦᠰᠦ ᠪᠡᠨ ᠪᠠᠷᠠᠭᠰᠠᠨ ᠲᠤᠯᠠ ᠭᠦᠷᠪᠡᠯᠵᠢᠨ ᠭᠤᠸ᠎ᠠ ᠶ᠋ᠢᠨ ᠢᠨᠠᠭᠯᠠᠯ ᠲᠡᠭᠦᠨ ᠳ᠋ᠦ᠍ ᠦᠨᠡᠨ ᠳ᠋ᠡᠭᠡᠨ ᠶᠠᠳᠠᠷᠠᠭ᠎ᠠ ᠵᠣᠪᠠᠭᠤᠷᠢᠲᠠᠢ ᠪᠠᠢᠭᠰᠠᠨ ᠠᠭᠠᠳ ᠠᠭᠤᠷ ᠤᠴᠠᠭᠠᠷ ᠢ᠋ ᠨᠢ ᠬᠦᠷᠭᠡᠪᠡᠴᠦ ᠰᠢᠲᠦ ᠵᠠᠭᠤᠨ ᠲᠡᠰᠴᠦ ᠬᠡᠪᠲᠡᠪᠡ᠃
ᠲᠡᠭᠡᠬᠦ ᠳ᠋ᠦ᠍ ᠵᠠᠮᠤᠬ᠎ᠠ ᠬᠠᠷᠠᠯᠠᠭ ᠬᠠᠨ ᠤ᠋ ᠠᠷᠤ ᠳ᠋ᠤ᠌ ᠬᠠᠷ᠎ᠠ ᠲᠣᠬᠣᠢ ᠳ᠋ᠤ᠌ ᠡᠪᠦᠯᠵᠢᠵᠦ ᠪᠠᠢᠯ᠎ᠠ᠃ᠶᠡᠬᠡ ᠴᠠᠰᠤ ᠭᠠᠵᠠᠷ ᠢ᠋ ᠨᠠᠪᠰᠠᠢᠲᠠᠯᠠ ᠳᠠᠷᠤᠵᠤ ᠵᠠᠮᠤᠬ᠎ᠠ ᠶ᠋ᠢᠨ ᠡᠪᠦᠯᠵᠢᠶᠡᠨ ᠦ᠌ ᠡᠷᠭᠢᠨ ᠲᠣᠭᠣᠷᠢᠨ ᠨᠢᠳᠦ ᠦᠭᠡᠢ ᠲᠤᠩ ᠴᠠᠭᠠᠨ ᠪᠣᠯᠤᠭᠠᠳ ᠬᠠᠷ᠎ᠠ ᠵᠢᠪᠠᠷ ᠲᠠᠴᠢᠭᠢᠨᠠᠵᠤ᠂ ᠦᠬᠡᠷ ᠦ᠋ᠨ ᠰᠡᠭᠦᠯ ᠬᠤᠭᠤ ᠬᠥᠯᠳᠡᠵᠦ ᠤᠨᠠᠭᠰᠠᠨ ᠬᠠᠬᠢᠷ ᠬᠦᠢᠲᠡᠨ ᠡᠪᠦᠯ ᠪᠠᠢᠯ᠎ᠠ᠃ᠬᠠᠷᠢᠨ ᠵᠠᠳᠠᠭᠠᠢ ᠭᠠᠯ ᠥᠷᠲᠥᠭᠰᠡᠨ ᠳᠠᠪᠬᠤᠷ ᠪᠦᠷᠢᠶᠡᠰᠦᠲᠡᠢ ᠭᠡᠷ ᠲᠦ᠍ ᠬᠠᠯᠠᠭᠤ ᠳᠦᠦᠭᠡᠨ ᠳᠡᠭᠡᠪᠦᠷ ᠦ᠋ᠨ ᠴᠠᠰᠤ ᠬᠠᠢᠯᠵᠤ ᠠᠭᠤᠷ ᠰᠠᠪᠰᠠᠨ᠎ᠠ᠃ᠡᠷ᠎ᠡ ᠨᠢ ᠲᠡᠭᠦᠨ ᠢ᠋ ᠡᠳ᠋ᠯᠡᠬᠦ ᠬᠦᠰᠡᠯ ᠦᠭᠡᠢ ᠪᠠᠢᠭ᠎ᠠ ᠨᠢ ᠭᠦᠷᠪᠡᠯᠵᠢᠨ ᠭᠤᠸ᠎ᠠ ᠶ᠋ᠢᠨ ᠰᠡᠳᠬᠢᠯ ᠳ᠋ᠦ᠍ ᠶᠠᠭᠠᠬᠢᠨ ᠨᠡᠢᠴᠡᠬᠦ ᠪᠢᠯᠡ᠃ᠬᠣᠷᠣ ᠰᠢᠷ᠎ᠠ᠂ ᠠᠭᠤᠷ ᠵᠢᠪᠡᠭᠦᠴᠡᠯ ᠨᠢ ᠪᠤᠴᠠᠯᠵᠤ ᠪᠠᠢᠪᠠᠴᠤ ᠪᠠᠰᠠ ᠶᠠᠭᠠᠬᠢᠬᠤ ᠤᠴᠢᠷ ᠢ᠋ᠶ᠋ᠠᠨ ᠣᠯᠬᠤ ᠦᠭᠡᠢ ᠲᠠᠴᠢᠶᠠᠳᠠᠭᠰᠠᠨ᠂ ᠪᠣᠬᠢᠮᠳᠤᠭᠰᠠᠨ ᠳ᠋ᠠᠭᠠᠨ ᠣᠪᠣᠯᠵᠠᠲᠠᠯᠠ ᠠᠮᠢᠰᠬᠤᠭᠠᠳᠠᠵᠤ ᠬᠡᠪᠲᠡᠲᠡᠯ᠎ᠡ ᠭᠡᠨᠡᠳᠲᠡ ᠰᠠᠢᠬᠠᠨ ᠰᠠᠨᠠᠭ᠎ᠠ ᠲᠥᠷᠥᠬᠦ ᠨᠢ ᠲᠡᠷᠡ᠃ᠭᠦᠷᠪᠡᠯᠵᠢᠨ ᠭᠤᠸ᠎ᠠ ᠡᠷ᠎ᠡ ᠶ᠋ᠢᠨ ᠢ᠋ᠶ᠋ᠡᠨ ᠴᠡᠭᠡᠵᠢ ᠶ᠋ᠢ ᠳᠡᠷᠡᠯᠡᠨ ᠨᠠᠭᠠᠯᠢᠩᠬᠠᠢ ᠰᠠᠢᠬᠠᠨ ᠠᠭᠠᠰᠢᠯᠠᠨ᠎ᠠ᠃ᠵᠠᠮᠤᠬ᠎ᠠ ᠶ᠋ᠢᠨ ᠰᠠᠷᠠᠯ ᠦᠭᠡᠢ ᠠᠯᠮᠠᠢ ᠪᠠᠢᠳᠠᠯ ᠢ᠋ ᠶᠠᠭᠠᠬᠢᠵᠤ ᠡᠪᠳᠡᠨ ᠪᠤᠰᠠᠨᠢᠭᠤᠯᠬᠤ ᠪᠠᠨ ᠲᠡᠷᠡ ᠰᠠᠢᠨ ᠮᠡᠳᠡᠵᠦ ᠪᠠᠢᠪᠠ᠃
— ᠵᠠᠮᠤᠬ᠎ᠠ ᠲᠠ ᠰᠣᠨᠣᠰᠪᠠ ᠤᠤ? ᠭᠡᠵᠦ ᠭᠦᠷᠪᠡᠯᠵᠢᠨ ᠭᠤᠸ᠎ᠠ ᠤᠷᠠᠨ ᠨᠠᠷᠢᠨ ᠬᠤᠷᠤᠭᠤ ᠪᠠᠷ ᠢ᠋ᠶ᠋ᠠᠨ ᠵᠠᠮᠤᠬ᠎ᠠ ᠶ᠋ᠢᠨ ᠨᠢᠴᠦᠭᠦᠨ ᠴᠡᠭᠡᠵᠢ ᠶ᠋ᠢ ᠢᠯᠪᠢᠵᠦ ᠬᠤᠷᠴᠠ ᠬᠠᠷᠠᠴᠠ ᠪᠠᠨ ᠴᠢᠷᠠᠢ ᠳ᠋ᠤᠨᠢ ᠰᠠᠮ ᠰᠠᠮ ᠳᠤᠰᠬᠠᠨ᠎ᠠ᠃
— ᠶᠠᠭᠤ ᠲᠡᠷᠡ ᠪᠣᠢ? ᠭᠡᠵᠦ ᠵᠠᠮᠤᠬ᠎ᠠ ᠬᠡᠨᠡᠭ ᠦᠭᠡᠢ ᠬᠦᠩᠭᠢᠨᠡᠨ ᠳᠤᠤᠭᠠᠷᠪᠠ᠃
ᠡᠮ᠎ᠡ ᠨᠢ ᠠᠰᠢᠭᠦᠢ ᠲᠦᠷ ᠵᠠᠭᠤᠷ᠎ᠠ ᠴᠤ᠌ ᠪᠣᠯᠪᠠ ᠬᠠᠯᠠᠭᠤᠨ ᠲᠠᠴᠢᠶᠠᠯ ᠢ᠋ᠶ᠋ᠠᠨ ᠤᠮᠠᠷᠲᠠᠨ ᠰᠠᠳᠠᠭᠠᠷᠠᠭᠰᠠᠨ ᠳ᠋ᠤ᠌ ᠵᠠᠮᠤᠬ᠎ᠠ ᠪᠡᠶᠡᠰᠴᠦ ᠭᠡᠨᠡᠨ ᠰᠠᠨᠠᠮᠰᠠᠷ ᠦᠭᠡᠢ ᠪᠡᠷ ᠬᠠᠷᠢᠭᠤ ᠳᠤᠤᠭᠠᠷᠴᠠᠢ᠃ᠲᠡᠷᠡ ᠶᠠᠭᠤ ᠶᠠᠭᠤ ᠦᠭᠡᠢ ᠤᠨᠲᠠᠬᠤ ᠭᠡᠵᠦ ᠪᠠᠢᠪᠠ᠃ᠡᠪᠦᠳᠦᠭ ᠢ᠋ᠶ᠋ᠡᠷ ᠲᠠᠲᠠᠭᠰᠠᠨ ᠴᠠᠰᠤᠨ ᠳᠤᠮᠳᠠ ᠣᠯᠠᠨ ᠬᠣᠨᠣᠭ ᠮᠠᠴᠤᠵᠤ ᠭᠠᠬᠠᠢ ᠶ᠋ᠢᠨ ᠠᠩ ᠬᠢᠭᠰᠡᠨ ᠳ᠋ᠡᠭᠡᠨ ᠪᠡᠶ᠎ᠡ ᠨᠢ ᠪᠤᠯᠠᠷᠠᠵᠤ ᠶᠠᠳᠠᠷᠠᠭᠰᠠᠨ ᠠᠵᠢ᠃
— ᠥᠨᠥ ᠲᠠᠨ ᠤ᠋ ᠰᠠᠳᠤᠨ ᠲᠡᠮᠦᠵᠢᠨ ᠡᠬᠡᠨᠡᠷ ᠪᠠᠭᠤᠯᠭᠠᠵᠤ ᠬᠤᠷᠢᠮ ᠨᠠᠢᠷ ᠬᠢᠭᠰᠡᠨ ᠭᠡᠨ᠎ᠡ᠃ᠡᠬᠡᠨᠡᠷ ᠨᠢ ᠶᠡᠬᠡ ᠦᠵᠡᠰᠬᠦᠯᠡᠩᠲᠡᠢ᠂ ᠪᠥᠷᠲᠡ ᠭᠡᠳᠡᠭ ᠪᠦᠰᠡᠭᠦᠢ ᠭᠡᠨ᠎ᠡ ᠠ᠋ ᠭᠡᠵᠦ ᠭᠦᠷᠪᠡᠯᠵᠢᠨ ᠭᠤᠸ᠎ᠠ ᠥᠪᠡᠷ ᠲᠦ᠋ᠨᠢ ᠣᠭᠲᠣ ᠰᠣᠨᠢᠷᠬᠠᠯ ᠦᠭᠡᠢ ᠪᠠᠢᠭ᠎ᠠ ᠮᠡᠲᠦ ᠬᠠᠰᠢ ᠶᠠᠰᠢ ᠰᠢᠪᠡᠨᠡᠭᠡᠳ ᠠᠮᠢᠰᠬᠤᠭ᠎ᠠ ᠳᠠᠷᠤᠨ ᠬᠦᠯᠢᠶᠡᠪᠡ᠃
ᠭᠦᠷᠪᠡᠯᠵᠢᠨ ᠭᠤᠸ᠎ᠠ ᠥᠪᠡᠷ ᠦ᠋ᠨ ᠡᠨᠡ ᠦᠭᠡ ᠶ᠋ᠢ ᠵᠠᠮᠤᠬ᠎ᠠ ᠳ᠋ᠤ᠌ ᠶᠠᠭᠠᠬᠢᠵᠤ ᠨᠥᠯᠥᠭᠡᠯᠡᠬᠦ ᠶ᠋ᠢ ᠮᠡᠳᠡᠵᠦ ᠪᠠᠢᠯ᠎ᠠ᠃ᠤᠴᠢᠷ ᠨᠢ ᠪᠥᠷᠲᠡ ᠵᠠᠮᠤᠬ᠎ᠠ ᠶ᠋ᠢᠨ ᠬᠡᠷᠬᠢᠨ ᠬᠠᠨᠳᠤᠳᠠᠭ ᠢ᠋ ᠬᠠᠡᠳᠡᠮᠥᠷ ᠰᠢᠳᠠᠷ ᠨᠢ ᠭᠦᠷᠪᠡᠯᠵᠢᠨ ᠭᠤᠸ᠎ᠠ ᠲᠠᠢ ᠨᠢᠭᠤᠴᠠ ᠪᠠᠷ ᠰᠠᠳᠤᠷᠯᠠᠵᠤ ᠪᠠᠢᠬᠤ ᠳ᠋ᠠᠭᠠᠨ ᠣᠯᠠᠨ ᠤᠳᠠᠭ᠎ᠠ ᠬᠡᠯᠡᠭᠰᠡᠨ ᠪᠠᠢᠪᠠ᠃ᠵᠠᠮᠤᠬ᠎ᠠ ᠣᠯᠠᠨ ᠡᠮ᠎ᠡ ᠲᠡᠢ ᠂ ᠡᠮᠡᠰ ᠨᠢ ᠶᠡᠬᠡᠪᠴᠢᠯᠡᠨ ᠭᠡᠷ ᠭᠡᠷ ᠲᠡᠭᠡᠨ ᠤᠢᠳᠬᠠᠷᠯᠠᠨ ᠰᠠᠭᠤᠬᠤ ᠲᠤᠯᠠ ᠭᠦᠷᠪᠡᠯᠵᠢᠨ ᠭᠤᠸ᠎ᠠ ᠵᠠᠮᠤᠬ᠎ᠠ ᠶ᠋ᠢᠨ ᠰᠢᠳᠠᠷ ᠬᠠᠨᠲᠡᠮᠥᠷ ᠢ᠋ ᠤᠷᠭᠠᠯᠠᠨ ᠠᠪᠤᠭᠰᠠᠨ ᠪᠢᠯᠡ᠃ᠢᠩᠭᠢᠬᠦ ᠨᠢ ᠲᠡᠭᠦᠨ ᠦ᠌ ᠥᠪᠡᠷ ᠢ᠋ ᠪᠡᠨ ᠬᠠᠮᠠᠭᠠᠯᠠᠬᠤ ᠂ ᠪᠠᠰᠠ ᠵᠠᠮᠤᠬ᠎ᠠ ᠶ᠋ᠢ ᠰᠠᠢᠲᠤᠷ ᠲᠠᠨᠢᠬᠤ ᠳ᠋ᠤ᠌ ᠬᠡᠷᠡᠭ ᠪᠣᠯᠤᠨ᠎ᠠ ᠭᠡᠵᠦ ᠲᠡᠷᠡ ᠪᠣᠳᠣᠵᠠᠢ᠃ᠬᠡᠳᠦᠢ ᠡᠵᠡᠨ ᠦ᠌ ᠬᠢᠨᠢ ᠬᠠᠲᠤᠨ ᠪᠣᠯᠪᠠᠴᠤ ᠵᠠᠮᠤᠬ᠎ᠠ ᠡᠮᠡᠰ ᠬᠡᠦᠬᠡᠨ ᠨᠦ᠍ᠭᠦᠳ ᠢ᠋ ᠶᠡᠷᠦ ᠬᠥᠮᠦᠨ ᠭᠡᠵᠦ ᠲᠣᠭᠣᠳᠠᠭ ᠦᠭᠡᠢ ᠣᠭᠲᠣᠬᠠᠨ ᠡᠷᠡᠭᠡᠯᠡᠬᠦ ᠴᠡᠭᠡᠷᠯᠡᠬᠦ ᠶᠠᠭᠤᠮ᠎ᠠ ᠦᠭᠡᠢ ᠵᠠᠩᠨᠠᠳᠠᠭ ᠲᠤᠯᠠ ᠵᠠᠮᠤᠬ᠎ᠠ ᠡᠴᠡ ᠢᠴᠢᠵᠦ ᠡᠮᠢᠶᠡᠬᠦ ᠶᠠᠪᠤᠳᠠᠯ ᠬᠠᠨᠲᠡᠮᠥᠷ ᠲᠦ᠍ ᠪᠠᠢᠭᠰᠠᠨ ᠦᠭᠡᠢ᠃ᠳᠤᠷ᠎ᠠ ᠶᠡᠬᠡᠲᠡᠢ ᠪᠦᠰᠡᠭᠦᠢ ᠶ᠋ᠢ ᠡᠵᠡᠨ ᠦ᠌ ᠪᠡᠨ ᠨᠢᠳᠦ ᠬᠠᠷᠢᠭᠤᠯᠤᠨ ᠥᠷᠭᠥᠭᠡ ᠭᠡᠷ ᠂ ᠡᠪᠡᠰᠦᠨ ᠳᠣᠲᠣᠷ᠎ᠠ ᠭᠡᠳ ᠬᠠᠮᠢᠭ᠎ᠠ ᠪᠣᠯᠤᠮᠵᠢ ᠭᠠᠷᠤᠨ᠎ᠠ ᠡᠳ᠋ᠯᠡᠵᠦ ᠪᠠᠢᠬᠤ ᠪᠣᠯᠤᠭᠰᠠᠭᠠᠷ ᠤᠳᠠᠵᠠᠢ᠃
ᠬᠠᠷᠢᠨ ᠢᠩᠭᠢᠬᠦ ᠳ᠋ᠦ᠍ ᠭᠦᠷᠪᠡᠯᠵᠢᠨ ᠭᠤᠸ᠎ᠠ ᠶ᠋ᠢᠨ ᠳᠠᠯᠳᠠ ᠰᠠᠨᠠᠭ᠎ᠠ ᠵᠣᠷᠢᠯᠭ᠎ᠠ ᠶ᠋ᠢ ᠳᠠᠭᠠᠵᠤ ᠮᠡᠳᠡᠭᠰᠡᠨ ᠦᠭᠡᠢ᠃ᠡᠢᠨ ᠢᠨᠠᠭᠯᠠᠬᠤ ᠵᠠᠭᠤᠷ᠎ᠠ ᠪᠦᠰᠡᠭᠦᠢ ᠰᠣᠨᠢᠷᠬᠠᠨ ᠠᠰᠠᠭᠤᠬᠤ ᠵᠦᠢᠯ ᠶᠡᠬᠡ ᠴᠦ᠍ ᠬᠠᠨᠲᠡᠮᠥᠷ ᠶᠡᠷᠦ ᠨᠢᠭᠤᠵᠤ ᠬᠠᠭᠠᠬᠤ ᠶᠠᠭᠤᠮ᠎ᠠ ᠦᠭᠡᠢ ᠡᠯᠳᠡᠪ ᠢ᠋ ᠴᠠᠯᠴᠢᠨᠠ᠃ᠵᠥᠪᠬᠡᠨ ᠡᠭᠦᠨ ᠦ᠌ ᠬᠢᠨᠢ ᠲᠥᠯᠥᠭᠡ ᠲᠡᠭᠦᠨ ᠳ᠋ᠦ᠍ ᠪᠡᠶ᠎ᠡ ᠪᠡᠨ ᠡᠳ᠋ᠯᠡᠭᠦᠯᠳᠡᠭ ᠢ᠋᠂ ᠪᠠᠰᠠ ᠢᠩᠭᠢᠬᠦ ᠳ᠋ᠡᠭᠡᠨ ᠣᠭᠢᠬᠤ ᠰᠢᠬᠠᠨ ᠨᠢᠭᠤᠷ ᠠᠮᠠ ᠪᠠᠨ ᠪᠤᠷᠤᠭᠤᠯᠠᠳᠠᠭ ᠢ᠋ ᠪᠣᠯᠬᠢ ᠳᠣᠯᠭᠢ ᠬᠠᠨᠲᠡᠮᠥᠷ ᠠᠩᠵᠠᠭᠠᠷᠠᠬᠤ ᠰᠥᠬᠥᠭᠡ ᠦᠭᠡᠢ ᠵᠦᠭᠡᠷ ᠯᠡ ᠬᠣᠷᠮᠣᠢ ᠶ᠋ᠢ ᠨᠢ ᠢᠷᠡᠵᠦ ᠬᠥᠯ ᠢ᠋ ᠨᠢ ᠠᠯᠴᠠᠢᠯᠭᠠᠬᠤ ᠶ᠋ᠢ ᠬᠦᠰᠡᠬᠦ ᠪᠥᠯᠥᠭᠡ᠃ᠡᠢᠮᠦ ᠨᠢᠭᠡ ᠢᠨᠠᠭᠯᠠᠯ ᠤ᠋ᠨ ᠦᠶ᠎ᠡ ᠳ᠋ᠦ᠍ ᠬᠠᠨᠲᠡᠮᠥᠷ ᠪᠥᠷᠲᠡ ᠶ᠋ᠢᠨ ᠲᠤᠬᠠᠢ ᠰᠠᠢᠮᠰᠤᠷᠠᠨ ᠪᠤᠷᠠᠵᠠᠢ᠃ᠲᠡᠭᠦᠨ ᠡᠴᠡ ᠬᠣᠢᠰᠢ ᠭᠦᠷᠪᠡᠯᠵᠢᠨ ᠭᠤᠸ᠎ᠠ ᠵᠠᠮᠤᠬ᠎ᠠ ᠶ᠋ᠢᠨ ᠰᠡᠳᠬᠢᠯ ᠦ᠋ᠨ ᠤᠭ ᠲᠤ᠌ ᠲᠡᠷᠡ ᠦᠯᠦ ᠲᠠᠨᠢᠬᠤ ᠪᠥᠷᠲᠡ ᠭᠡᠭᠴᠢ ᠪᠦᠰᠡᠭᠦᠢ ᠶᠠᠮᠠᠷᠬᠠᠨ ᠪᠠᠢᠷᠢ ᠡᠵᠡᠯᠡᠨ ᠣᠷᠣᠰᠢᠳᠠᠭ ᠢ᠋ ᠡᠮ᠎ᠡ ᠬᠥᠮᠦᠨ ᠦ᠌ ᠪᠡᠨ ᠵᠦᠩ ᠰᠣᠪᠢᠩ ᠢ᠋ᠶ᠋ᠠᠷ ᠭᠦᠨᠵᠡᠭᠡᠢ ᠮᠡᠳᠡᠵᠦ ᠠᠲᠠᠭᠠᠷᠬᠠᠬᠤ ᠪᠣᠯᠵᠠᠢ᠃
ᠵᠠᠮᠤᠬ᠎ᠠ ᠥᠪᠡᠷ ᠢ᠋ ᠨᠢ ᠰᠡᠳᠬᠢᠯ ᠦ᠋ᠨ ᠤᠭ ᠡᠴᠡ ᠬᠠᠢᠷᠠᠯᠠᠨ ᠦᠵᠡᠳᠡᠭ ᠦᠭᠡᠢ ᠶ᠋ᠢ ᠭᠦᠷᠪᠡᠯᠵᠢᠨ ᠭᠤᠸ᠎ᠠ ᠰᠠᠢᠨ ᠮᠡᠳᠡᠨ᠎ᠡ᠃ᠲᠡᠷᠡ ᠵᠠᠮᠤᠬ᠎ᠠ ᠶ᠋ᠢᠨ ᠬᠤᠪᠢ ᠳ᠋ᠤ᠌ ᠤᠢᠳᠤᠭᠰᠠᠨ ᠦᠶ᠎ᠡ ᠳ᠋ᠡᠭᠡᠨ ᠵᠤᠭ᠎ᠠ ᠪᠠᠨ ᠭᠠᠷᠭᠠᠵᠤ ᠬᠦᠰᠡᠯ ᠢ᠋ᠶ᠋ᠡᠨ ᠬᠠᠩᠭᠠᠬᠤ ᠡᠮ᠎ᠡ ᠲᠡᠳᠦᠢ ᠶᠦ᠍ᠮ᠃ᠭᠦᠷᠪᠡᠯᠵᠢᠨ ᠭᠤᠸ᠎ᠠ ᠪᠣᠯ ᠵᠠᠮᠤᠬ᠎ᠠ ᠶ᠋ᠢᠨ ᠬᠤᠪᠢ ᠳ᠋ᠤ᠌ ᠪᠡᠯᠴᠢᠭᠡᠷ ᠵᠠᠮ ᠳ᠋ᠤ᠌ ᠤᠴᠠᠷᠠᠬᠤ ᠬᠣᠨᠢᠴᠢᠨ ᠬᠡᠦᠬᠡᠨ ᠡᠴᠡ ᠣᠭᠲᠣ ᠢᠯᠭᠠᠭ᠎ᠠ ᠦᠭᠡᠢ᠃ᠪᠡᠯᠴᠢᠭᠡᠷ ᠭᠠᠵᠠᠷ ᠲᠠᠭᠠᠷᠠᠭᠠᠳ ᠴᠢᠷᠠᠢ ᠵᠢᠰᠦ ᠲᠠᠭᠠᠯᠠᠮᠵᠢᠲᠠᠢ ᠪᠣᠯ ᠦᠭᠡ ᠳᠠᠭᠤ ᠦᠭᠡᠢ ᠬᠦᠴᠦᠨᠲᠡᠵᠦ ᠣᠷᠬᠢᠭᠠᠳ ᠶᠠᠪᠤᠴᠢᠬᠠᠳᠠᠭ ᠲᠣᠬᠢᠶᠠᠯᠳᠤᠯ ᠤ᠋ᠨ ᠬᠡᠦᠬᠡᠨ ᠡᠴᠡ ᠳᠡᠭᠡᠷᠡᠳᠡᠬᠦ ᠶᠠᠭᠤᠮ᠎ᠠ ᠲᠡᠭᠦᠨ ᠳ᠋ᠦ᠍ ᠪᠠᠢᠭᠰᠠᠨ ᠦᠭᠡᠢ᠃ᠨᠠᠢ᠍ᠮᠠᠨ ᠤ᠋ ᠪᠣᠢᠷᠤᠭ ᠬᠠᠭᠠᠨ ᠬᠣᠷᠽᠸᠮ ᠤᠯᠤᠰ ᠡᠴᠡ ᠪᠡᠯᠡᠭ ᠲᠦ᠍ ᠢᠷᠡᠭᠰᠡᠨ ᠲᠠᠲᠠᠪᠤᠷᠢ ᠡᠮ᠎ᠡ ᠡᠴᠡ ᠪᠡᠨ ᠲᠥᠷᠥᠭᠰᠡᠨ ᠭᠦᠷᠪᠡᠯᠵᠢᠨ ᠭᠤᠸ᠎ᠠ ᠶ᠋ᠢ ᠵᠠᠮᠤᠬ᠎ᠠ ᠳ᠋ᠤ᠌ ᠨᠥᠬᠥᠷᠯᠡᠭᠰᠡᠨ ᠦ᠌ ᠪᠡᠯᠡᠭ ᠪᠣᠯᠭᠠᠨ ᠥᠭᠴᠡᠢ᠃ᠡᠷ᠎ᠡ ᠨᠢ ᠬᠡᠵᠢᠶ᠎ᠡ ᠬᠦᠰᠡᠨ᠎ᠡ ᠲᠡᠷᠡ ᠦᠶ᠎ᠡ ᠳ᠋ᠡᠭᠡᠨ ᠯᠡ ᠬᠡᠷᠡᠭᠯᠡᠭᠡᠳ ᠬᠠᠶᠠᠵᠤ ᠣᠳᠳᠠᠭ᠂ ᠠᠮᠠᠨ ᠤ᠋ ᠠᠯᠴᠢᠭᠤᠷ ᠰᠢᠭ᠋ ᠠᠮᠢᠳᠤᠷᠠᠯ ᠢ᠋ᠶ᠋ᠠᠨ ᠲᠡᠷᠡ ᠦᠵᠡᠨ ᠶᠠᠳᠠᠵᠤ ᠪᠠᠢᠪᠠ᠃ᠭᠡᠪᠡᠴᠦ ᠲᠡᠭᠦᠨ ᠳ᠋ᠦ᠍ ᠪᠠᠰᠠ ᠡᠭᠦᠨ ᠡᠴᠡ ᠥᠭᠡᠷ᠎ᠡ ᠠᠮᠢᠳᠤᠷᠠᠯ ᠦᠭᠡᠢ ᠶᠤᠮ᠃ᠲᠡᠢᠮᠦ ᠪᠣᠯᠬᠣᠷ ᠵᠠᠮᠤᠬ᠎ᠠ ᠳ᠋ᠤ᠌ ᠬᠣᠨᠵᠢᠩᠨᠠᠨ ᠠᠯᠢ ᠲᠠᠭᠠᠷᠠᠭᠰᠠᠨ ᠡᠷᠡᠴᠦᠳ ᠲᠡᠢ ᠱᠠᠯᠢᠭᠯᠠᠵᠤ ᠰᠡᠳᠬᠢᠯ ᠢ᠋ᠶ᠋ᠡᠨ ᠲᠠᠢᠳᠬᠤᠷᠠᠭᠤᠯᠬᠤ ᠪᠣᠯᠵᠠᠢ᠃ᠵᠠᠮᠤᠬ᠎ᠠ ᠶ᠋ᠢᠨ ᠰᠡᠳᠬᠢᠯ ᠳ᠋ᠦ᠍ ᠭᠦᠨᠵᠡᠭᠡᠢ ᠪᠠᠢᠷᠢ ᠡᠵᠡᠯᠡᠨ ᠣᠷᠣᠰᠢᠬᠤ ᠪᠥᠷᠲᠡ ᠶ᠋ᠢ ᠬᠣᠣᠷᠯᠠᠬᠤ ᠰᠠᠨ ᠭᠡᠵᠦ᠂ ᠵᠠᠮᠤᠬ᠎ᠠ ᠶ᠋ᠢᠨ ᠰᠡᠳᠬᠢᠯ ᠡᠴᠡ ᠲᠡᠭᠦᠨ ᠢ᠋ ᠬᠥᠭᠡᠭᠡᠨ ᠵᠠᠢᠯᠠᠭᠤᠯᠬᠤ ᠰᠠᠨ ᠭᠡᠰᠡᠨ ᠠᠲᠠᠭᠠᠴᠢ ᠡᠮ᠎ᠡ ᠶ᠋ᠢᠨ ᠬᠦᠰᠡᠯ ᠳ᠋ᠦ᠍ ᠠᠪᠲᠠᠭᠰᠠᠭᠠᠷ ᠤᠳᠠᠵᠠᠢ᠃ᠲᠡᠢᠮᠦ ᠤᠴᠢᠷ ᠡᠴᠡ ᠬᠣᠷᠣᠨ ᠰᠠᠨᠠᠭᠠᠯᠠᠵᠤ ᠶᠠᠭ ᠥᠨᠥᠳᠥᠷ ᠲᠡᠮᠦᠵᠢᠨ ᠦ᠌ ᠬᠤᠷᠢᠮ ᠤ᠋ᠨ ᠲᠤᠬᠠᠢ ᠳᠤᠷᠠᠳᠤᠨ ᠵᠠᠮᠤᠬ᠎ᠠ ᠶ᠋ᠢᠨ ᠲᠡᠷᠡᠴᠢᠯᠡᠨ ᠰᠢᠨᠠᠯᠬᠤ ᠶ᠋ᠢ ᠦᠵᠡᠵᠦ ᠰᠡᠳᠬᠢᠯ ᠢ᠋ᠶ᠋ᠡᠨ ᠲᠠᠢᠳᠬᠤᠷᠠᠭᠤᠯᠬᠤ ᠶ᠋ᠢ ᠬᠦᠰᠡᠭᠰᠡᠨ ᠪᠢᠯᠡ᠃ᠭᠦᠷᠪᠡᠯᠵᠢᠨ ᠭᠤᠸ᠎ᠠ ᠦᠭᠡ ᠪᠡᠨ ᠬᠡᠯᠡᠭᠡᠳ ᠥᠨᠳᠡᠢᠬᠦ ᠳ᠋ᠡᠭᠡᠨ ᠲᠡᠭᠦᠨ ᠦ᠌ ᠴᠢᠷᠠᠢ ᠬᠡᠷᠬᠢᠨ ᠬᠤᠪᠢᠷᠠᠬᠤ ᠶ᠋ᠢ ᠬᠠᠷᠠᠬᠤ ᠭᠡᠵᠦ ᠬᠦᠰᠡᠵᠡᠢ᠃ᠭᠡᠲᠡᠯ᠎ᠡ ᠵᠠᠮᠤᠬ᠎ᠠ ᠶ᠋ᠢᠨ ᠴᠢᠷᠠᠢ ᠬᠤᠪᠢᠷᠠᠭᠰᠠᠨ ᠦᠭᠡᠢ ᠤᠨᠲᠠᠭᠰᠠᠨ ᠮᠡᠲᠦ ᠬᠡᠪᠲᠡᠨ᠎ᠡ᠃ᠰᠠᠶᠢ ᠬᠡᠯᠡᠭᠰᠡᠨ ᠦᠭᠡ ᠶ᠋ᠢ ᠨᠢ ᠠᠩᠬᠠᠷᠴᠤ ᠰᠣᠨᠣᠰᠤᠭ᠎ᠠ ᠦᠭᠡᠢ ᠮᠡᠲᠦ ᠪᠠᠢᠭᠰᠠᠨ ᠳ᠋ᠤ᠌ ᠬᠣᠷᠣ ᠨᠢ ᠬᠥᠳᠡᠯᠦᠨ ᠪᠣᠰᠴᠤ ᠰᠠᠭᠤᠭᠠᠳ
— ᠲᠡᠮᠦᠵᠢᠨ ᠦ᠌ ᠬᠤᠷᠢᠮ ᠳ᠋ᠤ᠌ ᠮᠠᠨ ᠤ᠋ ᠠᠢᠮᠠᠭ ᠡᠴᠡ ᠣᠴᠢᠭᠰᠠᠨ ᠬᠥᠮᠦᠨ ᠴᠦ᠍ ᠪᠠᠢᠭ᠎ᠠ᠃ᠲᠡᠮᠦᠵᠢᠨ ᠠᠨᠳᠠ ᠴᠢᠨᠢ ᠲᠠᠨ ᠢ᠋ ᠤᠷᠢᠵᠤ ᠵᠠᠯᠠᠭᠰᠠᠨ ᠦᠭᠡᠢ ᠳᠡ᠃ᠶᠠᠭᠤᠨ ᠤ᠋ ᠤᠴᠢᠷ ᠲᠡᠷᠡ ᠪᠣᠢ? ᠭᠡᠵᠦ ᠭᠦᠷᠪᠡᠯᠵᠢᠨ ᠭᠤᠸ᠎ᠠ ᠠᠷᠠᠢ ᠴᠢᠩᠭ᠎ᠠ ᠬᠡᠯᠡᠪᠡ᠃《ᠪᠣᠳᠣᠪᠠᠯ ᠪᠥᠷᠲᠡ ᠳ᠋ᠦ᠍ ᠰᠡᠳᠬᠢᠯ ᠲᠡᠢ ᠶ᠋ᠢ ᠴᠢᠨᠢ ᠮᠡᠳᠡᠭᠡᠳ ᠲᠡᠷᠡ ᠪᠢᠵᠡ》 ᠭᠡᠵᠦ ᠭᠦᠢᠴᠡᠭᠡᠨ ᠬᠡᠯᠡᠬᠦ ᠭᠡᠰᠡᠨ ᠢ᠋ᠶ᠋ᠡᠨ ᠬᠡᠯᠡ ᠪᠡᠨ ᠬᠠᠵᠠᠨ ᠳᠠᠭᠤ ᠦᠭᠡᠢ ᠪᠣᠯᠤᠯ᠎ᠠ᠃ᠢᠩᠭᠢᠬᠦ ᠨᠢ ᠠᠷᠠᠢ ᠴᠤ᠌ ᠬᠡᠲᠦᠷᠡᠭᠰᠡᠨ ᠬᠡᠷᠡᠭ ᠪᠣᠯᠬᠤ ᠪᠠᠢᠪᠠ᠃
ᠵᠠᠮᠤᠬ᠎ᠠ ᠶ᠋ᠢᠨ ᠵᠠᠪᠠᠵᠢ ᠲᠠᠲᠠᠯᠳᠤᠨ ᠨᠢᠭᠤᠷ ᠳᠡᠭᠡᠷ᠎ᠡ ᠪᠡᠨ ᠲᠠᠯᠪᠢᠭᠰᠠᠨ ᠭᠠᠷ ᠤ᠋ᠨ ᠬᠢᠨᠢ ᠪᠤᠯᠴᠢᠩ ᠣᠪᠣᠢᠵᠤ ᠵᠠᠩᠭᠢᠷᠠᠬᠤ ᠶ᠋ᠢ ᠭᠦᠷᠪᠡᠯᠵᠢᠨ ᠭᠤᠸ᠎ᠠ ᠬᠠᠷᠠᠯ᠎ᠠ᠃ᠲᠡᠭᠦᠨ ᠦ᠌ ᠦᠭᠡ ᠫᠠᠢ ᠪᠠᠨ ᠤᠨᠤᠭᠰᠠᠨ ᠤ᠋ ᠭᠡᠷᠡᠴᠢ ᠡᠨᠡ ᠶᠤᠮ᠃ᠵᠠᠮᠤᠬ᠎ᠠ ᠭᠠᠷ ᠢ᠋ᠶ᠋ᠠᠨ ᠨᠢᠭᠤᠷ ᠡᠴᠡ ᠬᠣᠯᠠᠳᠤᠭᠤᠯᠵᠤ ᠲᠡᠭᠦᠨ ᠢ᠋ ᠴᠣᠭᠣ ᠰᠢᠷᠳᠡᠪᠡ᠃ᠭᠦᠷᠪᠡᠯᠵᠢᠨ ᠭᠤᠸ᠎ᠠ ᠲᠡᠭᠦᠨ ᠦ᠌ ᠬᠠᠷᠠᠴᠠᠨ ᠡᠴᠡ ᠠᠶᠤᠨ ᠴᠣᠴᠢᠪᠠ᠃
— ᠨᠠᠮᠠᠶ᠋ᠢ ᠶᠠᠭᠤᠨ ᠳ᠋ᠤ᠌ ᠢᠩᠭᠢᠵᠦ ᠰᠢᠷᠳᠡᠨ᠎ᠡ ᠪᠣᠢ?
— ᠴᠢ ᠶᠠᠭᠠᠬᠢᠬᠤ ᠭᠡᠳ ᠪᠠᠢᠭ᠎ᠠ ᠶᠤᠮ? ᠶᠠᠭᠤ ᠬᠦᠰᠡᠪᠡ? ᠭᠡᠮᠡᠨ ᠵᠠᠮᠤᠬ᠎ᠠ ᠭᠡᠨᠡᠳᠲᠡ ᠵᠠᠨᠤᠯᠲᠠᠢ ᠰᠢᠪᠡᠨᠡᠪᠡ᠃ᠵᠠᠮᠤᠬ᠎ᠠ ᠶ᠋ᠢᠨ ᠢᠩᠭᠢᠵᠦ ᠭᠡᠨᠡᠳᠲᠡ ᠬᠢᠯᠢᠩᠨᠡᠬᠦ ᠨᠢ ᠶᠡᠷᠦ ᠰᠠᠢᠨ ᠢᠷᠣ᠎ᠠ ᠪᠢᠰᠢ ᠪᠢᠯᠡ᠃
— ᠪᠢ᠁ ᠭᠡᠳ ᠭᠦᠷᠪᠡᠯᠵᠢᠨ ᠭᠤᠸ᠎ᠠ ᠭᠦᠢᠴᠡᠭᠡᠨ ᠬᠡᠯᠡᠬᠦ ᠦᠭᠡ ᠣᠯᠳᠠᠬᠤ ᠦᠭᠡᠢ ᠭᠠᠴᠠᠵᠤ ᠬᠡᠷᠡᠭ ᠪᠢᠰᠢᠳᠡᠵᠦ ᠪᠠᠢᠭ᠎ᠠ ᠶ᠋ᠢ ᠮᠡᠳᠡᠮᠡᠭᠴᠡ ᠠᠶᠤᠬᠤ ᠳ᠋ᠠᠭᠠᠨ ᠲᠡᠭᠦᠨ ᠳ᠋ᠦ᠍ ᠨᠠᠭᠠᠯᠳᠤᠨ
— ᠮᠢᠨᠦ ᠳᠤᠷ᠎ᠠ ᠬᠦᠷᠦᠭᠡᠳ ᠪᠠᠢᠨ᠎ᠠ᠃ᠨᠠᠮᠠᠶ᠋ᠢ ᠡᠳ᠋ᠯᠡᠭᠡᠳ ᠥᠭᠭᠦᠭᠡᠴᠢ ᠳᠡ ᠭᠡᠵᠦ ᠣᠷᠣᠭ᠎ᠠ ᠨᠢ ᠣᠷᠣᠭᠰᠠᠨ ᠭᠢᠴᠢᠢ ᠠᠳᠠᠯᠢ ᠬᠢᠢᠨᠠᠨ ᠡᠪᠬᠡᠷᠡᠪᠡ᠃ᠡᠭᠦᠨ ᠡᠴᠡ ᠥᠭᠡᠷ᠎ᠡ ᠠᠷᠭ᠎ᠠ ᠡᠨᠡ ᠮᠥᠴᠡ ᠳ᠋ᠦ᠍ ᠰᠡᠳᠦᠵᠦ ᠴᠢᠳᠠᠭᠰᠠᠨ ᠦᠭᠡᠢ᠃ᠭᠡᠪᠡᠴᠦ ᠪᠤᠷᠤᠭᠤᠳᠠᠭᠰᠠᠨ ᠢ᠋ᠶ᠋ᠠᠨ ᠲᠡᠷᠡ ᠳᠣᠣᠷ᠎ᠠ ᠪᠠᠨ ᠮᠡᠳᠡᠯ᠎ᠡ᠃ᠵᠠᠮᠤᠬ᠎ᠠ ᠦᠰᠦᠷᠦᠨ ᠪᠣᠰᠴᠤ ᠲᠡᠭᠦᠨ ᠢ᠋ ᠦᠰᠦᠳᠡᠭᠡᠳ ᠦᠭᠡ ᠬᠡᠯᠡᠬᠦ ᠶ᠋ᠢᠨ ᠰᠥᠭᠥᠭᠡ ᠦᠭᠡᠢ ᠪᠣᠯᠲᠠᠯ᠎ᠠ ᠪᠠᠯᠪᠠᠵᠤ ᠭᠠᠷᠪᠠ᠃
— ᠶᠠᠭᠠᠬᠢᠵᠤ ᠪᠠᠢᠭ᠎ᠠ ᠠ᠋᠁ ᠶᠣᠣ᠁ ᠶᠣᠣ᠁ ᠭᠡᠵᠦ ᠭᠦᠷᠪᠡᠯᠵᠢᠨ ᠭᠤᠸ᠎ᠠ ᠬᠠᠰᠬᠢᠷᠤᠨ᠎ᠠ
— ᠴᠢᠨᠦ ᠳᠤᠷ᠎ᠠ ᠬᠦᠷᠴᠦ ᠪᠠᠢᠨ᠎ᠠ ᠭᠡᠪᠡ ᠤᠤ? ᠪᠢ ᠴᠢᠨᠦ ᠳᠤᠷ᠎ᠠ ᠬᠦᠰᠡᠯ ᠢ᠋ ᠴᠢᠨᠢ ᠬᠠᠩᠭᠠᠭᠠᠳ ᠥᠭᠭᠦᠶ᠎ᠡ᠃ᠴᠢᠮᠠᠶ᠋ᠢ ᠭᠠᠷᠭᠠᠵᠤ ᠴᠡᠷᠢᠭ ᠦ᠋ᠳ ᠲᠡᠭᠡᠨ ᠥᠭᠴᠦ ᠡᠳ᠋ᠯᠡᠭᠦᠯᠦᠶ᠎ᠡ᠃ᠶᠠᠭᠠᠬᠢᠭᠰᠠᠨ ᠶᠡᠬᠡ ᠳᠤᠷ᠎ᠠ ᠬᠦᠰᠡᠯ ᠲᠡᠢ ᠬᠥᠮᠦᠨ ᠪᠣᠢ? ᠴᠢ ᠭᠡᠵᠦ ᠵᠠᠮᠤᠬ᠎ᠠ ᠭᠠᠯᠵᠠᠭᠤᠷᠠᠭᠰᠠᠨ ᠶᠤᠮ ᠰᠢᠭ᠋ ᠬᠠᠰᠬᠢᠷᠴᠤ ᠡᠭᠦᠳᠡ ᠤᠷᠤᠭᠤ ᠴᠢᠷᠴᠦ ᠠᠪᠠᠴᠢᠪᠠ᠃ᠭᠦᠷᠪᠡᠯᠵᠢᠨ ᠭᠤᠸ᠎ᠠ ᠲᠡᠭᠦᠨ ᠦ᠌ ᠬᠣᠶᠠᠷ ᠬᠥᠯ ᠡᠴᠡ ᠲᠠᠰᠤ ᠲᠡᠪᠡᠷᠢᠨ— ᠥᠷᠥᠰᠢᠶᠡ᠂ᠪᠢ ᠳᠡᠮᠡᠢ ᠦᠭᠡ ᠬᠡᠯᠡᠯ᠎ᠡ᠃ᠳᠠᠬᠢᠭᠠᠳ ᠬᠡᠵᠢᠶ᠎ᠡ ᠴᠦ᠍ ᠲᠡᠭᠡᠬᠦ ᠦᠭᠡᠢ᠃ᠥᠷᠥᠰᠢᠶᠡ ᠭᠡᠵᠦ ᠨᠢᠯᠪᠤᠰᠤ ᠤᠷᠤᠰᠬᠠᠨ ᠭᠤᠶᠤᠪᠠ᠃ᠵᠠᠮᠤᠬ᠎ᠠ ᠶ᠋ᠢᠨ ᠬᠣᠷᠣᠰᠤᠯ ᠪᠤᠴᠠᠯᠤᠭᠰᠠᠭᠠᠷ ᠲᠤᠯᠠ
— ᠪᠢ ᠴᠢᠮᠠᠶ᠋ᠢ ᠠᠯᠠᠨ᠎ᠠ᠃ᠵᠠᠪᠬᠠᠢ ᠡᠮ᠎ᠡ ᠭᠡᠵᠦ ᠭᠦᠷᠪᠡᠯᠵᠢᠨ ᠭᠤᠸ᠎ᠠ ᠶ᠋ᠢ ᠬᠠᠢᠷ᠎ᠠ ᠨᠠᠢᠷ ᠦᠭᠡᠢ ᠢᠰᠬᠦᠯᠵᠦ ᠨᠦᠳᠦᠪᠡ᠃ᠪᠦᠰᠡᠭᠦᠢ ᠮᠠᠭᠤᠵᠢᠷᠠᠨ ᠬᠥᠳᠡᠯᠬᠦ ᠪᠡᠨ ᠪᠠᠢᠲᠠᠯ᠎ᠠ ᠲᠡᠷᠡ ᠡᠢᠨ ᠬᠠᠰᠬᠢᠷᠤᠨ ᠢᠰᠬᠦᠯᠦᠭᠰᠡᠭᠡᠷ ᠪᠠᠢᠯ᠎ᠠ᠃ᠡᠭᠦᠨ ᠢ᠋ ᠭᠠᠳᠠᠭ᠎ᠠ ᠵᠣᠭᠰᠣᠬᠤ ᠬᠠᠨᠲᠡᠮᠦᠷ ᠰᠣᠨᠣᠰᠤᠭᠰᠠᠨ ᠴᠤ᠌ ᠣᠷᠣᠬᠤ ᠵᠢᠷᠦᠬᠡ ᠬᠦᠷᠦᠭᠰᠡᠨ ᠦᠭᠡᠢ᠃ᠬᠡᠷᠪᠡ ᠣᠷᠣᠭᠰᠠᠨ ᠪᠣᠯ ᠬᠠᠨᠲᠡᠮᠦᠷ ᠰᠠᠢᠨ ᠢ᠋ᠶ᠋ᠠᠨ ᠦᠵᠡᠬᠦ ᠦᠭᠡᠢ ᠪᠠᠢᠪᠠ᠃
ᠵᠠᠮᠤᠬ᠎ᠠ ᠠᠮᠢᠰᠬᠤᠭᠠᠳᠠᠵᠤ ᠶᠠᠳᠠᠷᠠᠭᠠᠳ ᠰᠢᠷᠢᠳᠡᠭ ᠳᠡᠭᠡᠷ᠎ᠡ ᠲᠡᠷᠡᠢᠨ ᠤᠨᠠᠪᠠ᠃ᠰᠡᠳᠬᠢᠯ ᠰᠠᠨᠠᠭ᠎ᠠ ᠨᠢ ᠬᠣᠭᠣᠰᠣᠷᠠᠵᠤ ᠡᠵᠡᠭᠦᠢᠳᠡᠭᠡᠳ ᠤᠬᠢᠯᠠᠮᠠᠷ ᠰᠠᠨᠠᠭᠳᠠᠨ᠎ᠠ᠃ᠭᠡᠪᠡᠴᠦ ᠲᠡᠷᠡ ᠤᠬᠢᠯᠠᠭᠰᠠᠨ ᠦᠭᠡᠢ ᠲᠣᠭᠣᠨᠣ ᠪᠠᠷ ᠮᠡᠯᠲᠡᠢᠬᠦ ᠰᠠᠷ᠎ᠠ ᠶ᠋ᠢ ᠰᠢᠷᠳᠡᠨ ᠬᠥᠯᠥᠷᠡᠵᠦ ᠬᠡᠪᠲᠡᠯ᠎ᠡ᠃ᠰᠡᠳᠬᠢᠯ ᠳ᠋ᠡᠭᠡᠨ ᠰᠠᠷᠠᠨ ᠤ᠋ ᠲᠤᠶᠠᠭᠠᠨ ᠳᠣᠣᠷ᠎ᠠ ᠪᠡᠶ᠎ᠡ ᠶ᠋ᠢᠨ ᠳᠣᠲᠣᠷ᠎ᠠ ᠡᠴᠡ ᠭᠡᠷᠡᠯ ᠰᠠᠴᠤᠷᠠᠭᠤᠯᠤᠨ ᠵᠣᠭᠰᠣᠭᠰᠠᠨ ᠪᠥᠷᠲᠡ ᠶ᠋ᠢ ᠪᠣᠳᠣᠵᠤ ᠪᠠᠢᠵᠠᠢ᠃
《ᠲᠡᠭᠡᠬᠦ ᠳ᠋ᠦ᠍ ᠶᠠᠭ ᠡᠢᠮᠦ ᠰᠠᠷ᠎ᠠ ᠭᠡᠢᠵᠦ ᠪᠠᠢᠭᠰᠠᠨ ᠳᠠ》 ᠭᠡᠵᠦ ᠪᠣᠳᠣᠬᠤ ᠳ᠋ᠤ᠌ ᠭᠣᠣᠯ ᠨᠢ ᠲᠠᠰᠤᠷᠠᠬᠤ ᠰᠢᠭ᠋ ᠱᠠᠷᠬᠢᠷᠠᠨ ᠡᠪᠡᠳᠴᠦ ᠬᠠᠷᠠᠮᠰᠠᠵᠤ ᠭᠠᠰᠢᠭᠤᠳᠠᠭᠰᠠᠨ ᠳ᠋ᠠᠭᠠᠨ ᠭᠠᠰᠠᠯᠤᠨ ᠬᠠᠪᠬᠠᠨ ᠳ᠋ᠤ᠌ ᠣᠷᠣᠭᠠᠳ ᠬᠥᠯ ᠢ᠋ᠶ᠋ᠡᠨ ᠲᠠᠰᠤ ᠬᠠᠵᠠᠭᠰᠠᠨ ᠴᠢᠨᠣ᠎ᠠ ᠰᠢᠭ᠋ ᠠᠷᠬᠢᠷᠠᠨ ᠳᠡᠷᠡ ᠪᠡᠨ ᠬᠡᠮᠡᠯᠢᠨ ᠥᠩᠬᠥᠷᠢᠨᠡ᠃ᠠᠮᠠᠨ ᠳ᠋ᠤ᠌ ᠡᠮᠲᠡᠷᠡᠭᠰᠡᠨ ᠰᠢᠳᠦ ᠨᠢ ᠱᠠᠵᠢᠭᠢᠨᠠᠨ ᠡᠯᠡᠰᠦ ᠰᠢᠷᠣᠢ ᠵᠠᠵᠢᠯᠠᠵᠦ ᠪᠠᠢᠬᠤ ᠰᠢᠭ᠋ ᠰᠣᠨᠣᠰᠳᠠᠨ᠎ᠠ᠃ᠪᠥᠷᠲᠡ ᠳ᠋ᠦ᠍ ᠬᠡᠴᠢᠨᠡᠨ ᠶᠡᠬᠡ ᠪᠡᠷ ᠰᠢᠨᠤᠨ ᠳᠤᠷᠠᠯᠠᠵᠤ ᠶᠠᠪᠤᠭᠰᠠᠨ ᠢ᠋ᠶ᠋ᠠᠨ ᠵᠠᠮᠤᠬ᠎ᠠ ᠡᠨᠡ ᠮᠥᠴᠡ ᠳ᠋ᠦ᠍ ᠬᠠᠷᠠᠮᠰᠠᠨ ᠬᠠᠷᠠᠮᠰᠠᠨ ᠮᠡᠳᠡᠷᠡᠵᠡᠢ᠃ᠡᠨᠡ ᠪᠣᠯ ᠲᠡᠭᠦᠨ ᠦ᠌ ᠦᠵᠡᠭᠰᠡᠨ ᠬᠠᠮᠤᠭ ᠤ᠋ᠨ ᠪᠡᠷᠬᠡ ᠲᠠᠮᠤᠯᠠᠯ ᠪᠠᠢᠭᠰᠠᠨ ᠪᠢᠯᠡ᠃ᠡᠨᠡ ᠡᠳᠦᠷ ᠡᠴᠡ ᠬᠣᠢᠰᠢ ᠵᠠᠮᠤᠬ᠎ᠠ ᠲᠡᠮᠦᠵᠢᠨ ᠢ᠋ ᠬᠠᠮᠤᠭ ᠤ᠋ᠨ ᠥᠰᠲᠦ ᠳᠠᠢᠰᠤᠨ ᠢ᠋ᠶ᠋ᠠᠨ ᠭᠡᠵᠦ ᠦᠵᠡᠬᠦ ᠪᠣᠯᠪᠠ᠃ᠭᠦᠷᠪᠡᠯᠵᠢᠨ ᠭᠤᠸ᠎ᠠ ᠶ᠋ᠢᠨ ᠬᠣᠣᠷᠲᠤ ᠦᠭᠡ ᠬᠡᠷᠡᠭ ᠢ᠋ᠶ᠋ᠡᠨ ᠪᠡᠶᠡᠯᠡᠭᠦᠯᠵᠦ ᠵᠠᠮᠤᠬ᠎ᠠ ᠶ᠋ᠢᠨ ᠳᠣᠲᠣᠷ᠎ᠠ ᠲᠡᠮᠦᠵᠢᠨ ᠡᠴᠡ ᠦᠰ ᠠᠪᠬᠤ ᠭᠠᠯ ᠢ᠋ ᠳᠦᠷᠡᠯᠵᠡᠭᠦᠯᠵᠦ ᠣᠷᠬᠢᠭᠰᠠᠨ ᠪᠥᠭᠡᠳ ᠡᠭᠦᠨ ᠡᠴᠡ ᠬᠣᠢᠰᠢ ᠭᠦᠷᠪᠡᠯᠵᠢᠨ ᠭᠤᠸ᠎ᠠ ᠡᠨᠡ ᠭᠠᠯ ᠢ᠋ ᠬᠦᠰᠡᠭᠰᠡᠨ ᠦᠶ᠎ᠡ ᠳ᠋ᠡᠭᠡᠨ ᠬᠥᠭᠡᠷᠭᠡᠳᠡᠨ ᠠᠰᠠᠭᠠᠵᠤ ᠰᠤᠷᠤᠭᠰᠠᠨ ᠪᠢᠯᠡ᠃
ᠪᠡᠯᠪᠡᠰᠦᠨ ᠡᠮ᠎ᠡ ᠥᠭᠡᠯᠦᠨ ᠦ᠌ ᠲᠣᠯᠣᠭᠠᠢᠯᠠᠵᠤ ᠠᠭᠰᠠᠨ ᠶᠢᠰᠦᠭᠡᠢ ᠶ᠋ᠢᠨ ᠤᠳᠤᠮ ᠳ᠋ᠤ᠌ ᠪᠥᠷᠲᠡ ᠢᠷᠡᠭᠰᠡᠨ ᠢ᠋ᠶ᠋ᠡᠷ ᠲᠡᠮᠦᠵᠢᠨ ᠪᠦᠲᠦᠨ ᠨᠡᠷ᠎ᠡ ᠲᠡᠢ ᠪᠣᠯᠵᠤ ᠶᠢᠰᠦᠭᠡᠢ ᠶ᠋ᠢᠨ ᠵᠠᠯᠭᠠᠮᠵᠢᠯᠠᠭᠴᠢ ᠬᠡᠨ ᠪᠣᠢ ᠭᠡᠳᠡᠭ ᠢ᠋ ᠪᠦᠭᠦᠳᠡ ᠳ᠋ᠦ᠍ ᠰᠠᠨᠠᠭᠤᠯᠤᠭᠰᠠᠨ ᠬᠡᠷᠡᠭ ᠪᠣᠯᠤᠯ᠎ᠠ᠃ᠳᠡᠷᠭᠡᠳᠡ ᠨᠢ ᠪᠠᠢᠭᠰᠠᠨ ᠶᠢᠰᠦᠭᠡᠢ ᠶ᠋ᠢᠨ ᠠᠯᠪᠠᠲᠤ ᠢᠷᠭᠡᠳ ᠴᠦ᠍ ᠬᠥᠳᠡᠯᠭᠡᠭᠡᠨ ᠳ᠋ᠦ᠍ ᠣᠷᠣᠵᠤ ᠰᠠᠨᠠᠭ᠎ᠠ ᠰᠡᠳᠬᠢᠯ ᠬᠤᠪᠢᠷᠠᠵᠤ ᠪᠠᠢᠭ᠎ᠠ ᠨᠢ ᠡᠳᠦᠷ ᠡᠴᠡ ᠡᠳᠦᠷ ᠲᠦ᠍ ᠲᠣᠳᠣ ᠪᠣᠯᠬᠤ ᠲᠤᠯᠠ ᠵᠠᠮᠤᠬ᠎ᠠ ᠶ᠋ᠢᠨ ᠰᠡᠳᠬᠢᠯ ᠨᠡᠩ ᠲᠦᠭᠰᠢᠭᠦᠷᠢᠲᠡᠢ ᠪᠠᠢᠬᠤ ᠪᠣᠯᠪᠠ᠃ᠵᠠᠮᠤᠬ᠎ᠠ ᠲᠡᠭᠡᠬᠦ ᠳ᠋ᠦ᠍ ᠡᠷᠭᠦᠨ᠎ᠡ ᠮᠥᠷᠡᠨ ᠦ᠌ ᠠᠷᠪᠢᠨ ᠳᠡᠨᠵᠢ ᠳ᠋ᠦ᠍ ᠬᠠᠲᠠᠭᠢᠨ ᠠᠢᠮᠠᠭ ᠤ᠋ᠨ ᠴᠣᠷᠣᠰ ᠡᠩᠬᠦᠷ ᠪᠠᠶᠠᠨ ᠲᠠᠢ ᠰᠢᠳᠠᠷᠯᠠᠨ ᠨᠠᠮᠤᠷᠵᠢᠵᠤ ᠪᠠᠢᠪᠠ᠃ᠬᠡᠳᠦᠢ ᠪᠡᠷ ᠨᠠᠮᠤᠷ ᠴᠠᠭ ᠨᠠᠢᠷ ᠴᠡᠩᠭᠡᠯ ᠦ᠋ᠨ ᠦᠶ᠎ᠡ ᠴᠦ᠍ ᠭᠡᠯᠡ ᠠᠮᠠᠷᠠᠵᠤ ᠵᠢᠷᠭᠠᠬᠤ ᠬᠦᠰᠡᠯ ᠵᠠᠮᠤᠬ᠎ᠠ ᠳ᠋ᠤ᠌ ᠲᠥᠷᠥᠭᠰᠡᠨ ᠦᠭᠡᠢ᠃ᠲᠡᠭᠡᠭᠡᠳ ᠨᠢᠭᠡ ᠡᠳᠦᠷ
— ᠰᠠᠢᠨ ᠠᠨᠳᠠ ᠲᠡᠮᠦᠵᠢᠨ ᠮᠠᠨᠢ ᠥᠷᠥᠭᠡ ᠭᠡᠷ ᠢ᠋ᠶ᠋ᠡᠨ ᠡᠭᠦᠰᠬᠡᠵᠦ ᠪᠠᠢᠬᠤ ᠳ᠋ᠤ᠌ ᠪᠢ ᠶᠠᠭᠠᠬᠢᠵᠤ ᠲᠡᠭᠦᠨ ᠳ᠋ᠦ᠍ ᠪᠡᠯᠡᠭ ᠪᠠᠷᠢᠬᠤ ᠦᠭᠡᠢ ᠪᠠᠢᠵᠤ ᠪᠣᠯᠬᠤ ᠪᠢᠯᠡ ᠭᠡᠵᠦ ᠬᠠᠨᠲᠡᠮᠦᠷ ᠲᠦ᠍ ᠬᠡᠯᠡᠵᠡᠢ᠃ᠵᠠᠮᠤᠬ᠎ᠠ ᠶ᠋ᠢᠨ ᠡᠨᠡ ᠦᠭᠡᠨ ᠦ᠌ ᠴᠠᠭᠠᠳᠤ ᠤᠴᠢᠷ ᠢ᠋ ᠣᠯᠤᠭ᠎ᠠ ᠦᠭᠡᠢ ᠬᠠᠨᠲᠡᠮᠦᠷ ᠶᠡᠬᠡᠳᠡ ᠪᠡᠶᠡᠰᠦᠨ
— ᠲᠠ ᠲᠡᠮᠦᠵᠢᠨ ᠳ᠋ᠦ᠍ ᠶᠠᠭᠤ ᠪᠡᠯᠡᠭᠯᠡᠨ᠎ᠡ? ᠪᠢ ᠳᠠᠷᠤᠢ ᠬᠦᠷᠭᠡᠵᠦ ᠥᠭᠭᠦᠶ᠎ᠡ ᠭᠡᠵᠦ ᠳᠠᠭᠤ ᠠᠯᠳᠠᠵᠠᠢ᠃
— ᠴᠢ ᠶᠠᠮᠠᠷ ᠪᠡᠯᠡᠭ ᠥᠭᠪᠡᠯ ᠵᠦᠢᠲᠡᠢ ᠭᠡᠵᠦ ᠰᠠᠨᠠᠵᠤ ᠪᠠᠢᠨ᠎ᠠ?
— ᠡᠵᠡᠨ ᠮᠢᠨᠢ᠃ᠪᠢ ᠶᠠᠭᠠᠬᠢᠵᠤ ᠮᠡᠳᠡᠨ᠎ᠡ ᠭᠡᠵᠦ ᠬᠠᠨᠲᠡᠮᠦᠷ ᠦᠨᠡᠨ ᠢ᠋ᠶ᠋ᠡᠨ ᠬᠡᠯᠡᠪᠡ᠃ᠣᠯᠠᠨ ᠳᠣᠯᠣᠭᠠᠨ ᠶᠠᠭᠤᠮ᠎ᠠ ᠴᠠᠯᠴᠢᠵᠤ᠂ ᠬᠡᠷᠡᠭ ᠲᠡᠢ᠂ ᠬᠡᠷᠡᠭ ᠦᠭᠡᠢ ᠰᠠᠨᠠᠭ᠎ᠠ ᠪᠣᠳᠣᠯ ᠢ᠋ᠶ᠋ᠠᠨ ᠬᠡᠯᠡᠵᠦ ᠤᠬᠠᠭᠠᠨᠲᠠᠢ ᠵᠠᠩ ᠭᠠᠷᠭᠠᠳᠠᠭ ᠦᠭᠡᠢ᠂ ᠬᠦᠰᠡᠯ ᠢ᠋ ᠨᠢ ᠳᠠᠭᠠᠵᠤ᠂ ᠬᠡᠯᠡᠭᠰᠡᠨ ᠢ᠋ ᠦᠭᠡ ᠳᠠᠭᠤ ᠦᠭᠡᠢ ᠪᠡᠶᠡᠯᠡᠭᠦᠯᠳᠡᠭ ᠲᠤᠨᠢ ᠵᠠᠮᠤᠬ᠎ᠠ ᠬᠠᠨᠲᠡᠮᠦᠷ ᠲᠦ᠍ ᠳᠤᠷᠠᠲᠠᠢ ᠲᠤᠯᠠ ᠲᠡᠭᠦᠨ ᠢ᠋ ᠦᠷᠭᠦᠯᠵᠢ ᠳᠡᠷᠭᠡᠳᠡ ᠪᠡᠨ ᠪᠠᠢᠯᠭᠠᠬᠤ ᠪᠢᠯᠡ᠃ᠬᠠᠨᠲᠡᠮᠦᠷ ᠲᠦ᠍ ᠥᠪᠡᠷ ᠦ᠋ᠨ ᠭᠡᠷ ᠣᠷᠣᠨ᠂ ᠡᠬᠡᠨᠡᠷ ᠬᠡᠦᠬᠡᠳ ᠭᠡᠵᠦ ᠦᠭᠡᠢ᠃ᠵᠥᠪᠬᠡᠨ ᠵᠠᠮᠤᠬ᠎ᠠ ᠶ᠋ᠢᠨ ᠬᠠᠯᠠᠭᠤᠨ ᠠᠮᠢ ᠶ᠋ᠢ ᠬᠠᠮᠠᠭᠠᠯᠠᠨ ᠰᠠᠬᠢᠬᠤ ᠡᠭᠦᠷᠭᠡ ᠲᠡᠢ ᠰᠢᠳᠠᠷ ᠴᠡᠷᠢᠭ ᠦ᠋ᠳ ᠦ᠋ᠨ ᠠᠬᠠᠯᠠᠭᠴᠢ ᠡᠨᠡ ᠡᠷ᠎ᠡ ᠶ᠋ᠢ ᠪᠠᠰᠠ ᠬᠠᠢᠷᠠᠯᠠᠬᠤ ᠦᠭᠡᠢ ᠪᠠᠢᠬᠤ ᠶ᠋ᠢᠨ ᠠᠷᠭ᠎ᠠ ᠦᠭᠡᠢ ᠶᠤᠮ᠃ᠬᠠᠨᠲᠡᠮᠦᠷ ᠡᠴᠡ ᠥᠭᠡᠷ᠎ᠡ ᠬᠡᠨ ᠴᠦ᠍ ᠪᠠᠢᠭᠰᠠᠨ ᠵᠠᠮᠤᠬ᠎ᠠ ᠦᠯᠦ ᠢᠲᠡᠭᠡᠨ᠎ᠡ᠃
— ᠴᠢᠨᠦ ᠢᠩᠭᠢᠵᠦ ᠲᠣᠯᠣᠭᠠᠢ ᠲᠠᠷᠢᠬᠢ ᠪᠠᠨ ᠵᠣᠪᠠᠭᠠᠬᠤ ᠦᠭᠡᠢ ᠬᠢᠯᠪᠠᠷ ᠠᠮᠢᠳᠤᠷᠠᠵᠤ ᠰᠤᠷᠤᠭᠰᠠᠨ ᠴᠢᠨᠢ ᠨᠠᠳᠠᠳᠤ ᠶᠡᠬᠡ ᠲᠠᠭᠠᠲᠠᠢ ᠪᠠᠢᠳᠠᠭ ᠶᠤᠮ ᠭᠡᠵᠦ ᠵᠠᠮᠤᠬ᠎ᠠ ᠦᠨᠡᠨ ᠡᠴᠡ ᠪᠡᠨ ᠬᠡᠯᠡᠭᠡᠳ
— ᠲᠡᠢᠮᠦ ᠠ᠋᠃ᠲᠡᠮᠦᠵᠢᠨ ᠳ᠋ᠦ᠍ ᠶᠠᠮᠠᠷ ᠪᠡᠯᠡᠭ ᠥᠭᠬᠦ ᠶ᠋ᠢ ᠴᠢ ᠶᠠᠭᠠᠬᠢᠵᠤ ᠮᠡᠳᠡᠬᠦ ᠪᠢᠯᠡ᠃ᠬᠠᠷᠢᠨ ᠪᠢ ᠶᠠᠮᠠᠷ ᠪᠡᠯᠡᠭ ᠥᠭᠬᠦ ᠪᠡᠨ ᠮᠡᠳᠡᠵᠦ ᠪᠠᠢᠨ᠎ᠠ ᠭᠡᠵᠦ ᠢᠨᠢᠶᠡᠪᠡ᠃
— ᠮᠣᠷᠢ ᠤᠤ᠂ ᠡᠰᠡᠪᠡᠯ ᠠᠯᠲᠠᠨ ᠪᠦᠰᠡ ᠤᠤ?
— ᠬᠠᠨᠲᠡᠮᠦᠷ ᠴᠢ ᠦᠨᠡᠨᠴᠢ ᠪᠣᠯᠪᠠᠴᠤ ᠲᠡᠨᠡᠭ ᠠᠮᠢᠲᠠᠨ ᠶᠤᠮ᠃ᠪᠢ ᠲᠡᠮᠦᠵᠢᠨ ᠳ᠋ᠦ᠍ ᠪᠦᠬᠦ ᠨᠠᠰᠤ ᠪᠠᠷ ᠢ᠋ᠶ᠋ᠠᠨ ᠮᠠᠷᠲᠠᠵᠤ ᠴᠢᠳᠠᠬᠤ ᠦᠭᠡᠢ ᠲᠡᠢᠮᠦ ᠯᠡ ᠪᠡᠯᠡᠭ ᠥᠭᠬᠦ ᠶᠣᠰᠣᠲᠠᠢ᠃
— ᠠᠯᠲᠠᠨ ᠪᠥᠰᠡᠨ ᠡᠴᠡ ᠢᠯᠡᠭᠦᠦ ᠦᠨᠡᠲᠡᠢ ᠶᠠᠭᠤ ᠪᠠᠢᠳᠠᠭ ᠶᠤᠮ ᠪᠣᠢ ᠭᠡᠳ ᠬᠠᠨᠲᠡᠮᠦᠷ ᠶᠠᠭᠤ ᠶᠤᠮ ᠪᠣᠯ ᠮᠡᠳᠡᠬᠦ ᠰᠠᠨ ᠭᠡᠬᠦ ᠡᠴᠡ ᠪᠠᠢᠵᠤ ᠶᠠᠳᠠᠨ᠎ᠠ᠃
— ᠴᠢ ᠮᠡᠷᠭᠢᠳ ᠦ᠋ᠨ ᠲᠣᠭᠲᠠᠭ᠎ᠠ ᠪᠡᠬᠢ ᠲᠡᠢ ᠳᠠᠷᠤᠢ ᠣᠴᠢᠵᠤ ᠠᠭᠤᠯᠵᠠ᠃ᠨᠠᠮᠠᠶ᠋ᠢ ᠪᠣᠯᠵᠣᠨ ᠲᠠᠭᠠᠲᠠᠢ ᠰᠠᠢᠬᠠᠨ ᠶᠠᠷᠢᠯᠴᠠᠶ᠎ᠠ ᠭᠡᠵᠦ ᠪᠠᠢᠨ᠎ᠠ ᠭᠡᠵᠦ ᠬᠡᠯᠡ᠃ᠬᠠᠮᠢᠭ᠎ᠠ ᠬᠡᠵᠢᠶ᠎ᠡ ᠠᠭᠤᠯᠵᠠᠬᠤ ᠶ᠋ᠢ ᠲᠡᠷᠡ ᠥᠪᠡᠷ ᠢ᠋ᠶ᠋ᠡᠨ ᠮᠡᠳᠡᠭ᠃ᠠᠭᠤᠯᠵᠠᠬᠤ ᠲᠣᠪ ᠢ᠋ ᠴᠢ ᠢᠷᠡᠬᠦ ᠳ᠋ᠡᠭᠡᠨ ᠮᠡᠳᠡᠵᠦ ᠢᠷ᠎ᠡ ᠭᠡᠵᠦ ᠵᠠᠮᠤᠬ᠎ᠠ ᠵᠠᠯᠢᠲᠠᠢ ᠬᠡᠯᠡᠪᠡ᠃
— ᠮᠡᠷᠭᠢᠳ ᠦ᠋ᠨ ᠲᠣᠭᠲᠠᠭ᠎ᠠ ᠪᠡᠬᠢ ᠠ᠋᠃
— ᠲᠡᠢᠮᠦ ᠠ᠋᠃ᠴᠢ ᠵᠥᠪ ᠰᠣᠨᠣᠰᠴᠠᠢ᠃
— ᠵᠠ ᠪᠢ ᠮᠣᠷᠳᠠᠶ᠎ᠠ᠃
— ᠪᠢᠲᠡᠭᠡᠢ ᠰᠦᠷ ᠪᠣᠯᠵᠤ ᠣᠯᠠᠨ ᠴᠡᠷᠢᠭ ᠳᠠᠭᠠᠭᠤᠯᠤᠭᠠᠷᠠᠢ᠃
ᠬᠠᠨᠲᠡᠮᠥᠷ ᠳᠠᠬᠢᠨ ᠶᠠᠭᠤ ᠴᠤ᠌ ᠠᠰᠠᠭᠤᠯ ᠦᠭᠡᠢ ᠮᠣᠷᠳᠠᠭᠰᠠᠨ ᠡᠴᠡ ᠬᠣᠢᠰᠢ ᠬᠣᠶᠠᠷ ᠰᠠᠷ᠎ᠠ ᠶ᠋ᠢᠨ ᠳᠠᠷᠠᠭ᠎ᠠ ᠲᠣᠭᠲᠠᠭ᠎ᠠ ᠪᠡᠬᠢ ᠶ᠋ᠢᠨ ᠪᠣᠯᠵᠣᠭᠰᠠᠨ ᠭᠠᠵᠠᠷ ᠪᠣᠯᠬᠤ ᠰᠡᠯᠡᠩᠭᠡ ᠮᠥᠷᠡᠨ ᠪᠠᠢᠭᠠᠯ ᠨᠠᠭᠤᠷ ᠲᠤ᠌ ᠴᠢᠳᠬᠤᠳᠠᠭ ᠲᠡᠨᠢᠭᠦᠨ ᠰᠠᠢᠬᠠᠨ ᠲᠣᠬᠣᠢ ᠳ᠋ᠤ᠌ ᠵᠠᠮᠤᠬ᠎ᠠ ᠲᠡᠭᠦᠨ ᠢ᠋ ᠬᠦᠯᠢᠶᠡᠵᠦ ᠪᠠᠢᠪᠠ᠃ᠮᠡᠷᠭᠢᠳ ᠠᠢᠮᠠᠭ ᠲᠠᠢ ᠢᠯᠡᠷᠬᠡᠢ ᠳᠠᠢᠰᠤᠩᠨᠠᠬᠤ ᠶᠠᠪᠤᠳᠠᠯ ᠣᠢᠷ᠎ᠠ ᠳ᠋ᠤ᠌ ᠦᠭᠡᠢ ᠲᠤᠯᠠ ᠲᠡᠳᠡᠨ ᠦ᠌ ᠠᠭᠤᠯᠵᠠᠯᠲᠠ ᠨᠠᠢᠷᠰᠠᠭ ᠪᠣᠯᠬᠤ ᠶᠣᠰᠣᠲᠠᠢ ᠶᠤᠮ᠃ᠮᠡᠷᠭᠢᠳ ᠦ᠋ᠨ ᠲᠣᠯᠣᠭᠠᠢᠯᠠᠭᠴᠢᠳ ᠤ᠋ᠨ ᠨᠢᠭᠡ ᠲᠣᠭᠲᠠᠭ᠎ᠠ ᠪᠡᠬᠢ ᠵᠠᠳᠠᠷᠠᠨ ᠠᠢᠮᠠᠭ ᠤ᠋ᠨ ᠵᠠᠮᠤᠬ᠎ᠠ ᠶᠠᠭᠠᠬᠢᠪᠠᠴᠤ ᠵᠥᠪ ᠵᠦᠭᠡᠷ ᠨᠢᠭᠡ ᠬᠡᠷᠡᠭ ᠲᠦ᠍ ᠡᠢᠨ ᠬᠡᠯᠡ ᠳᠤᠯ ᠪᠣᠯᠬᠤ ᠦᠭᠡᠢ ᠭᠡᠵᠦ ᠰᠠᠨᠠᠨ ᠠᠭᠤᠯᠵᠠᠬᠤ ᠪᠠᠷ ᠢᠷᠡᠭᠰᠡᠨ ᠴᠦ᠍ ᠵᠠᠮᠤᠬ᠎ᠠ ᠶᠠᠭᠠᠬᠢᠵᠤ ᠴᠤ᠌ ᠮᠡᠳᠡᠬᠦ ᠠᠭᠠᠰᠢ ᠲᠠᠢ ᠭᠡᠭᠳᠡᠬᠦ ᠲᠤᠯᠠ ᠪᠣᠯᠭᠣᠮᠵᠢᠯᠠᠨ ᠴᠥᠭᠡᠨ ᠪᠢᠰᠢ ᠴᠡᠷᠢᠭ ᠳᠠᠭᠠᠭᠤᠯᠵᠤ ᠪᠠᠰᠠ ᠪᠠᠢᠳᠠᠯ ᠢ᠋ ᠳᠠᠩᠳᠠᠨ ᠬᠣᠯᠠ ᠵᠠᠢᠲᠠᠢ ᠬᠦᠯᠢᠶᠡᠨ ᠵᠣᠭᠰᠣᠬᠤ ᠳ᠋ᠤ᠌ ᠵᠠᠮᠤᠬ᠎ᠠ ᠭᠠᠭᠴᠠᠭᠠᠷ ᠤᠭᠲᠤᠨ ᠣᠴᠢᠪᠠ᠃ᠨᠢᠭᠡᠨᠲᠡ ᠵᠠᠮᠤᠬ᠎ᠠ ᠡᠢᠮᠦ ᠢᠲᠡᠭᠡᠯᠲᠡᠢ ᠪᠡᠷ ᠢᠷᠡᠭᠰᠡᠨ ᠤᠴᠢᠷ ᠲᠣᠭᠲᠠᠭ᠎ᠠ ᠪᠡᠬᠢ ᠬᠦᠯᠢᠶᠡᠨ ᠵᠣᠭᠰᠣᠬᠤ ᠨᠢ ᠡᠪ ᠦᠭᠡᠢ ᠲᠤᠯᠠ ᠤᠭᠲᠤᠨ ᠬᠥᠳᠡᠯᠵᠦ ᠪᠣᠯᠵᠣᠭᠰᠠᠨ ᠬᠣᠶᠠᠷ ᠥᠪᠡᠷᠰᠡᠳ ᠦ᠋ᠨ ᠴᠡᠷᠢᠭ ᠡᠴᠡ ᠲᠠᠰᠤᠷᠠᠨ ᠣᠢᠷᠠᠲᠤᠨ ᠢᠷᠡᠵᠡᠭᠡᠪᠡ᠃ᠲᠣᠭᠲᠠᠭ᠎ᠠ ᠪᠡᠬᠢ ᠨᠠᠰᠤ ᠪᠠᠷ ᠠᠬᠠᠮᠠᠳ ᠪᠠᠰᠠ ᠵᠠᠮᠤᠬ᠎ᠠ ᠠᠭᠤᠯᠵᠠᠬᠤ ᠶ᠋ᠢ ᠬᠦᠰᠡᠭᠰᠡᠨ ᠲᠤᠯᠠ ᠡᠬᠢᠯᠡᠵᠦ ᠳᠤᠤᠭᠠᠷᠬᠤ ᠶᠣᠰᠣ ᠲᠠᠢ ᠪᠠᠢᠪᠠ᠃ᠵᠠᠮᠤᠬ᠎ᠠ ᠳ᠋ᠤ᠌ ᠲᠣᠭᠲᠠᠭ᠎ᠠ ᠪᠡᠬᠢ ᠡᠴᠡ ᠠᠶᠤᠬᠤ ᠢᠴᠢᠬᠦ ᠵᠦᠢᠯ ᠦᠭᠡᠢ ᠲᠤᠯᠠ ᠲᠡᠷᠡ ᠪᠠᠷᠳᠠᠮ ᠶᠡᠬᠡᠮᠰᠦᠭ ᠪᠠᠢᠯ᠎ᠠ᠃ᠬᠣᠯᠠ ᠶ᠋ᠢᠨ ᠬᠣᠯᠠ ᠬᠢᠪᠴᠠᠭ ᠠᠢᠮᠠᠭ ᠡᠴᠡ ᠠᠪᠴᠢᠷᠠᠭᠰᠠᠨ ᠤᠷᠲᠤ ᠬᠦᠵᠦᠭᠦᠦ ᠲᠡᠢ ᠥᠨᠳᠥᠷ ᠬᠥᠯ ᠲᠡᠢ ᠬᠡᠭᠡᠷ ᠠᠵᠢᠷᠭ᠎ᠠ ᠪᠠᠨ ᠵᠠᠮᠤᠬ᠎ᠠ ᠭᠠᠢᠬᠠᠭᠤᠯᠬᠤ ᠮᠡᠲᠦ ᠡᠷᠭᠢᠯᠳᠦᠭᠦᠯᠦᠨ᠎ᠡ᠃ᠴᠣᠯ ᠠᠯᠲᠠᠨ ᠭᠤᠯᠳᠤᠮᠠᠢ (ᠭᠤᠯᠳᠤᠭᠠᠷ) ᠥᠭᠴᠦ ᠵᠠᠬᠢᠵᠤ ᠠᠪᠴᠢᠷᠠᠭᠤᠯᠤᠭᠰᠠᠨ ᠡᠨᠡ ᠮᠣᠷᠢ ᠬᠠᠪᠢ ᠣᠢᠷ᠎ᠠ ᠶ᠋ᠢᠨ ᠨᠤᠲᠤᠭ ᠤᠰᠤᠨ ᠳ᠋ᠤ᠌ ᠬᠣᠪᠣᠷ ᠲᠤᠯᠠ ᠵᠠᠮᠤᠬ᠎ᠠ ᠴᠢᠬᠤᠯᠠ ᠠᠢᠯᠴᠢᠯᠠᠯ ᠂ ᠶᠣᠰᠣᠯᠠᠯ ᠤ᠋ᠨ ᠦᠶ᠎ᠡ ᠳ᠋ᠦ᠍ ᠯᠡ ᠡᠨᠡ ᠬᠦᠯᠦᠭ ᠢ᠋ᠶ᠋ᠡᠨ ᠤᠨᠤᠬᠤ ᠪᠥᠯᠥᠭᠡ᠃ᠲᠣᠭᠲᠠᠭ᠎ᠠ ᠪᠡᠬᠢ ᠠᠯᠲᠠᠨ ᠪᠦᠰᠡ ᠪᠡᠨ ᠪᠦᠰᠡᠯᠡᠵᠦ ᠲᠡᠢᠨ ᠦ᠌ ᠪᠠᠳᠠᠷᠢᠲᠤ ᠪᠤᠭᠤᠷᠤᠯ ᠮᠣᠷᠢ ᠪᠠᠨ ᠤᠨᠤᠭᠰᠠᠨ ᠴᠤ᠌ ᠲᠡᠭᠷᠢ ᠳ᠋ᠦ᠍ ᠳᠡᠭᠦᠯᠢᠨ ᠠᠯᠲᠠᠨ ᠲᠦᠭᠦᠭᠡᠯᠵᠡᠬᠦ ᠵᠠᠮᠤᠬ᠎ᠠ ᠶ᠋ᠢᠨ ᠮᠣᠷᠢᠨ ᠳ᠋ᠤ᠌ ᠬᠠᠷᠠᠴᠠ ᠨᠢ ᠥᠪᠡᠷ ᠦ᠋ᠨ ᠡᠷᠬᠡ ᠦᠭᠡᠢ ᠤᠨᠠᠵᠤ ᠰᠦᠷ ᠨᠢ ᠳᠠᠷᠤᠭᠳᠠᠬᠤ ᠠᠵᠢ᠃ᠰᠡᠯᠡᠩᠭᠡ ᠮᠥᠷᠡᠨ ᠦ᠌ ᠤᠰᠤ ᠳᠡᠷᠭᠡᠳᠡ ᠮᠡᠯᠲᠡᠷᠡᠵᠤ ᠪᠠᠢᠭᠠᠯ ᠨᠠᠭᠤᠷ ᠤ᠋ᠨ ᠵᠦᠭ ᠡᠴᠡ ᠰᠡᠷᠢᠭᠦᠨ ᠠᠭᠠᠷ ᠰᠡᠩᠭᠢᠨᠡᠨ᠎ᠡ᠃
—ᠲᠣᠭᠲᠠᠭ᠎ᠠ ᠪᠡᠬᠢ᠃ᠲᠠ ᠪᠦᠦ ᠭᠠᠢᠬᠠᠭᠲᠤᠨ᠃ᠪᠢ ᠴᠢᠮ᠎ᠠ ᠳ᠋ᠤ᠌ ᠦᠷᠭᠦᠯᠵᠢ ᠰᠠᠢᠨ ᠰᠡᠳᠬᠢᠯ ᠡᠪᠦᠷᠯᠡᠬᠦ ᠲᠤᠯᠠ ᠠᠭᠤᠯᠵᠠᠶ᠎ᠠ ᠭᠡᠰᠡᠨ ᠶᠦ᠍ᠮ ᠭᠡᠵᠦ ᠵᠠᠮᠤᠬ᠎ᠠ ᠠᠢᠯ ᠤ᠋ᠨ ᠵᠠᠢ ᠡᠴᠡ ᠬᠠᠰᠬᠢᠷᠴᠤ ᠤᠭᠲᠤᠪᠠ᠃
— ᠨᠠᠳᠠᠳᠤ ᠬᠡᠯᠡᠬᠦ ᠦᠭᠡ ᠪᠡᠨ ᠪᠣᠰᠢᠭᠣ ᠬᠡᠯᠡᠭᠲᠦᠨ ᠭᠡᠵᠦ ᠲᠣᠭᠲᠠᠭ᠎ᠠ ᠪᠡᠬᠢ ᠰᠢᠷᠦᠭᠦᠨ ᠪᠠᠰᠠ ᠶᠡᠬᠡᠮᠰᠦᠭ ᠳᠤᠤᠭᠠᠷᠤᠨ᠎ᠠ᠃ᠲᠡᠷᠡ ᠤᠭ ᠡᠴᠡ ᠥᠪᠡᠷ ᠡᠴᠡ ᠢᠯᠡᠭᠦᠦ ᠪᠦᠬᠦᠨ ᠢ᠋ ᠦᠵᠡᠵᠦ ᠦᠯᠦ ᠴᠢᠳᠠᠬᠤ ᠲᠤᠯᠠ ᠬᠢᠯᠢᠩ ᠨᠢ ᠪᠠᠳᠠᠷᠠᠵᠠᠢ᠃ᠲᠡᠳᠡᠨ ᠦ᠌ ᠶᠠᠭᠤ ᠬᠡᠯᠡᠯᠴᠡᠬᠦ ᠶ᠋ᠢ ᠬᠡᠨ ᠴᠦ᠍ ᠰᠣᠨᠣᠰᠬᠤ ᠪᠠᠷ ᠦᠭᠡᠢ ᠵᠠᠢᠲᠠᠢ ᠪᠠᠢᠪᠠ᠃ᠣᠮᠣᠭᠯᠠᠩ ᠮᠣᠷᠢᠳ ᠨᠢ ᠡᠷᠭᠢᠴᠡᠵᠦ ᠴᠡᠷᠢᠭ ᠦ᠋ᠳ ᠦ᠋ᠨ ᠲᠡᠮᠦᠷ ᠲᠤᠭᠤᠯᠠᠭᠠᠨ ᠳ᠋ᠤ᠌ ᠨᠠᠷᠠᠨ ᠤ᠋ ᠲᠤᠶᠠᠭ᠎ᠠ ᠣᠢᠨ ᠭᠢᠯᠠᠰ ᠭᠢᠯᠠᠰ ᠬᠢᠨ᠎ᠡ᠃
— ᠪᠢ ᠮᠡᠷᠭᠢᠳ ᠦ᠋ᠳ ᠲᠠ ᠨᠠᠷ ᠤ᠋ᠨ ᠮᠠᠷᠲᠠᠭᠰᠠᠨ ᠢ᠋ ᠰᠠᠨᠠᠭᠤᠯᠵᠤ ᠤᠨᠲᠠᠭᠰᠠᠨ ᠢ᠋ ᠰᠡᠷᠡᠭᠡᠬᠦ ᠭᠡᠵᠦ ᠢᠷᠡᠯ᠎ᠡ᠃
ᠵᠠᠮᠤᠬ᠎ᠠ ᠶ᠋ᠢᠨ ᠡᠨᠡ ᠬᠣᠷᠣᠨ ᠦᠭᠡ ᠲᠣᠭᠲᠠᠭ᠎ᠠ ᠪᠡᠬᠢ ᠶ᠋ᠢᠨ ᠶᠡᠬᠡᠮᠰᠦᠭ ᠵᠠᠩ ᠢ᠋ ᠬᠥᠳᠡᠯᠭᠡᠵᠦ ᠠᠭᠤᠷ ᠢ᠋ ᠬᠦᠷᠭᠡᠨ᠎ᠡ᠃
— ᠵᠠᠮᠤᠬ᠎ᠠ ᠴᠢᠮᠠᠶ᠋ᠢ ᠰᠤᠯᠠ ᠦᠭᠡ ᠲᠡᠢ ᠵᠠᠯᠢᠬᠠᠢ ᠬᠥᠮᠦᠨ ᠭᠡᠵᠦ ᠪᠢ ᠮᠡᠳᠡᠨ᠎ᠡ᠃ᠴᠢ ᠶᠠᠭᠤᠨ ᠳᠡᠮᠡᠢ ᠦᠭᠡ ᠴᠠᠯᠴᠢᠪᠠ?
— ᠪᠤᠤ ᠠᠭᠤᠷᠯᠠ᠂ ᠲᠣᠭᠲᠠᠭ᠎ᠠ ᠪᠡᠬᠢ᠃ᠬᠡᠳᠦᠢ ᠡᠴᠡ ᠡᠬᠢᠯᠡᠭᠡᠳ ᠮᠡᠷᠭᠢᠳ ᠦ᠋ᠳ ᠲᠠ ᠨᠠᠷ ᠶᠢᠰᠦᠭᠡᠢ ᠶ᠋ᠢᠨ ᠲᠡᠮᠦᠵᠢᠨ ᠢ᠋ ᠬᠠᠢᠷᠠᠯᠠᠬᠤ ᠪᠣᠯᠪᠠ? ᠶᠢᠰᠦᠭᠡᠢ ᠶ᠋ᠢᠨ ᠥᠨᠥᠴᠢᠨ ᠬᠥᠪᠡᠭᠦᠨ ᠡᠬᠡᠨᠡᠷ ᠪᠠᠭᠤᠯᠭᠠᠵᠤ ᠡᠷᠦᠬᠡ ᠪᠡᠨ ᠡᠭᠦᠰᠬᠡᠭᠡᠳ ᠤᠳᠠᠯ᠎ᠠ᠃ᠲᠡᠷᠡ ᠨᠢᠭᠡᠨ ᠴᠠᠭ ᠲᠤ᠌ ᠶᠢᠰᠦᠭᠡᠢ ᠴᠢᠨᠦ ᠳᠡᠭᠦᠦ ᠴᠢᠯᠡᠳᠦ ᠶ᠋ᠢᠨ ᠡᠬᠡᠨᠡᠷ ᠥᠭᠡᠯᠦᠨ ᠢ᠋ ᠪᠤᠯᠢᠶᠠᠵᠤ ᠠᠪᠤᠭᠰᠠᠨ ᠢ᠋ ᠴᠢ ᠮᠠᠷᠲᠠᠪᠠ ᠤᠤ? ᠠᠯᠢ ᠡᠰᠡᠪᠡᠯ ᠮᠡᠷᠭᠢᠳ ᠦ᠋ᠳ ᠦ᠋ᠨ ᠤᠬᠠᠭᠠᠨ ᠨᠢ ᠣᠯᠠᠨ ᠳ᠋ᠠᠭᠠᠨ ᠣᠷᠣᠵᠤ ᠡᠨᠡ ᠶᠠᠪᠤᠳᠠᠯ ᠢ᠋ ᠪᠦᠭᠦᠳᠡᠭᠡᠷ ᠢ᠋ᠶ᠋ᠡᠨ ᠮᠠᠷᠲᠠᠪᠠ ᠤᠤ? ᠲᠡᠭᠡᠪᠡᠯ ᠪᠢ ᠴᠢᠮ᠎ᠠ ᠳ᠋ᠤ᠌ ᠰᠠᠨᠠᠭᠤᠯᠬᠤ ᠭᠡᠵᠦ ᠢᠷᠡᠯ᠎ᠡ᠃
ᠵᠠᠮᠤᠬ᠎ᠠ ᠲᠡᠭᠦᠨ ᠢ᠋ ᠶᠠᠭᠤᠨ ᠳ᠋ᠤ᠌ ᠥᠳᠥᠭᠡᠨ ᠬᠠᠳᠬᠤᠵᠤ ᠪᠠᠢᠭ᠎ᠠ ᠶ᠋ᠢ ᠲᠣᠭᠲᠠᠭ᠎ᠠ ᠪᠡᠬᠢ ᠰᠢᠭᠤᠳ ᠣᠢᠯᠠᠭᠠᠪᠠ᠃ᠲᠡᠷᠡ ᠳᠤᠷᠠᠳᠤᠭᠰᠠᠨ ᠶᠠᠪᠤᠳᠠᠯ ᠪᠣᠯ ᠥᠨᠥ ᠬᠦᠷᠲᠡᠯ᠎ᠡ ᠮᠡᠷᠭᠢᠳ ᠦ᠋ᠳ ᠦ᠋ᠨ ᠴᠡᠭᠡᠵᠢᠨ ᠳ᠋ᠦ᠍ ᠪᠠᠢᠭ᠎ᠠ ᠴᠠᠷ᠂ ᠪᠠᠶᠠᠨ ᠳ᠋ᠤ᠌ ᠤᠷᠭᠤᠭᠰᠠᠨ ᠤᠷ ᠮᠡᠲᠦ ᠬᠣᠨᠵᠢᠩ ᠶᠤᠮ᠃ᠬᠠᠷᠢᠨ ᠶᠠᠭᠤᠨ ᠤ᠋ ᠤᠴᠢᠷ ᠵᠠᠮᠤᠬ᠎ᠠ ᠲᠡᠭᠦᠨ ᠢ᠋ ᠥᠨᠥᠳᠥᠷ ᠰᠠᠨᠠᠭᠤᠯᠪᠠ ᠭᠡᠳᠡᠭ ᠢ᠋ ᠳᠠᠭᠠᠬᠤ ᠭᠡᠵᠦ ᠲᠣᠭᠲᠠᠭ᠎ᠠ ᠪᠡᠬᠢ ᠪᠣᠳᠣᠯ ᠳ᠋ᠤ᠌ ᠣᠷᠣᠪᠠ᠃
— ᠵᠠᠮᠤᠬ᠎ᠠ᠃ᠴᠢ ᠳᠡᠮᠡᠢ ᠶᠠᠭᠤᠮ᠎ᠠ ᠪᠤᠤ ᠴᠠᠯᠴᠢ᠃ᠶᠠᠭᠤ ᠬᠢᠬᠦ ᠶ᠋ᠢ ᠪᠢᠳᠡ ᠴᠢᠮ᠎ᠠ ᠪᠠᠷ ᠵᠢᠭᠠᠯᠭᠠᠬᠤ ᠪᠣᠯᠪᠠ ᠤᠤ? ᠥᠭᠡᠷ᠎ᠡ ᠬᠡᠯᠡᠬᠦ ᠶᠠᠭᠤᠮ᠎ᠠ ᠪᠠᠢᠪᠠᠯ ᠬᠡᠯᠡᠭᠲᠦᠨ᠃
— ᠴᠢ ᠮᠠᠷᠲᠠᠭᠰᠠᠨ ᠪᠢᠵᠡ? ᠲᠡᠭᠡᠪᠡᠯ ᠪᠢ ᠴᠢᠯᠭᠡᠷ ᠪᠥᠬᠡ ᠳᠡᠭᠦᠦ ᠳ᠋ᠦ᠍ ᠴᠢᠨᠢ ᠰᠠᠨᠠᠭᠤᠯᠤᠶ᠎ᠠ᠃ᠴᠢᠯᠡᠳᠦ ᠠᠬ᠎ᠠ ᠨᠢ ᠠᠪᠠᠯᠢ ᠡᠮ᠎ᠡ ᠥᠭᠡᠯᠦᠨ ᠢ᠋ᠶ᠋ᠡᠨ ᠡᠳ᠋ᠯᠡᠵᠦ ᠡᠩᠬᠦᠷᠡᠢᠯᠡᠵᠦ ᠴᠦ᠍ ᠠᠮᠵᠢᠭ᠎ᠠ ᠦᠭᠡᠢ ᠶᠢᠰᠦᠭᠡᠢ ᠳ᠋ᠦ᠍ ᠪᠤᠯᠢᠶᠠᠭᠳᠠᠭᠰᠠᠨ ᠢ᠋ ᠲᠡᠷᠡ ᠠᠷᠠᠢ ᠴᠤ᠌ ᠮᠠᠷᠲᠠᠭ᠎ᠠ ᠦᠭᠡᠢ ᠪᠢᠵᠡ᠃ᠡᠰᠡᠪᠡᠯ ᠮᠡᠷᠭᠢᠳ ᠦ᠋ᠳ ᠲᠠ ᠨᠠᠷ ᠲᠡᠢᠮᠦ ᠬᠤᠯᠴᠢᠭᠠᠷ ᠳᠣᠷᠣᠢ ᠤᠯᠤᠰ ᠶᠤᠮ ᠰᠠᠨ ᠤᠤ? ᠬᠦᠴᠦ ᠴᠢᠨᠢ ᠬᠦᠷᠬᠦ ᠦᠭᠡᠢ ᠭᠡᠵᠦ ᠲᠡᠮᠦᠵᠢᠨ ᠡᠴᠡ ᠠᠶᠤᠭ᠎ᠠ ᠤᠤ? ᠲᠡᠮᠦᠵᠢᠨ ᠣᠳᠣ ᠳᠥᠷᠥᠭᠡ ᠬᠠᠷᠰᠢᠬᠤ ᠨᠥᠬᠥᠷ ᠦᠭᠡᠢ᠂ ᠳᠥᠮᠥᠭ ᠰᠠᠢᠨ ᠮᠣᠷᠢ ᠦᠭᠡᠢ᠂ ᠠᠭᠤᠯᠠᠨ ᠳ᠋ᠤ᠌ ᠪᠥᠬᠥᠵᠦ᠂ ᠤᠰᠤᠨ ᠳ᠋ᠤ᠌ ᠰᠢᠷᠭᠤᠵᠤ ᠶᠠᠪᠤᠭ᠎ᠠ ᠪᠢᠰᠢ ᠤᠤ? ᠭᠡᠪᠡᠴᠦ ᠲᠡᠮᠦᠵᠢᠨ ᠡᠳᠦᠷ ᠢ᠋ᠶ᠋ᠡᠷ ᠥᠰᠴᠦ᠂ ᠴᠠᠭ ᠢ᠋ᠶ᠋ᠠᠷ ᠴᠠᠳᠴᠤ ᠪᠠᠢᠨ᠎ᠠ᠃ᠲᠡᠭᠡᠬᠦ ᠳ᠋ᠦ᠍ ᠲᠠ ᠨᠠᠷ ᠳᠣᠷᠣᠮᠵᠢᠯᠠᠭᠤᠯᠤᠭᠰᠠᠨ ᠢ᠋ᠶ᠋ᠠᠨ ᠴᠤ᠌ ᠮᠠᠷᠲᠠᠴᠢᠬᠠᠭᠠᠳ ᠢᠴᠡᠭᠰᠡᠨ ᠲᠠᠷᠪᠠᠭ᠎ᠠ ᠰᠢᠭ᠋ ᠤᠨᠲᠠᠵᠤ ᠪᠠᠢᠭ᠎ᠠ ᠪᠢᠰᠢ ᠤᠤ? ᠭᠡᠵᠦ ᠵᠠᠮᠤᠬ᠎ᠠ ᠬᠣᠷᠣ ᠮᠠᠯᠲᠠᠨ ᠬᠡᠯᠡᠵᠦ ᠳᠣᠭᠣᠭᠢᠲᠠᠢ ᠪᠠᠷ ᠴᠢᠩᠭ᠎ᠠ ᠴᠢᠩᠭ᠎ᠠ ᠬᠥᠬᠥᠷᠡᠭᠡᠳ ᠬᠠᠷᠢᠭᠤ ᠦᠭᠡ ᠴᠦ᠍ ᠰᠣᠨᠣᠰᠤᠯ ᠦᠭᠡᠢ ᠡᠷᠭᠢᠨ ᠳᠠᠪᠬᠢᠪᠠ᠃ᠵᠠᠮᠤᠬ᠎ᠠ ᠶ᠋ᠢᠨ ᠮᠣᠷᠢᠨ ᠤ᠋ ᠲᠤᠭᠤᠷᠠᠢ ᠭᠠᠵᠠᠷ ᠤ᠋ᠨ ᠬᠥᠷᠥᠰᠥ ᠶ᠋ᠢ ᠥᠮᠥ ᠥᠮᠥ ᠲᠠᠲᠠᠵᠤ ᠰᠢᠪᠡᠷ ᠰᠢᠷᠣᠢ ᠨᠢᠭᠤᠷ ᠲᠤᠨᠢ ᠲᠤᠰᠬᠤ ᠳ᠋ᠤ᠌ ᠲᠣᠭᠲᠠᠭ᠎ᠠ ᠪᠡᠬᠢ ᠬᠣᠷᠣᠰᠤᠯ ᠵᠠᠨᠤᠯ ᠳ᠋ᠠᠭᠠᠨ ᠭᠠᠯᠵᠠᠭᠤᠷᠠᠬᠤ ᠰᠢᠬᠠᠪᠠ᠃ᠲᠡᠷᠡ ᠲᠡᠮᠦᠵᠢᠨ ᠳ᠋ᠦ᠍ ᠪᠢᠰᠢ ᠬᠠᠭᠤᠴᠢᠨ ᠰᠢᠷᠬ᠎ᠠ ᠶ᠋ᠢ ᠬᠥᠨᠳᠡᠵᠦ ᠠᠢᠮᠠᠭ ᠣᠮᠣᠭ ᠢ᠋ᠶ᠋ᠠᠷ ᠨᠢ ᠳᠣᠷᠣᠮᠵᠢᠯᠠᠨ ᠭᠤᠲᠤᠭᠠᠭᠰᠠᠨ ᠵᠠᠮᠤᠬ᠎ᠠ ᠳ᠋ᠤ᠌ ᠠᠭᠤᠷᠰᠠᠪᠠ᠃ᠪᠣᠯᠳᠠᠭ ᠰᠠᠨ ᠪᠣᠯ ᠴᠡᠷᠢᠭ ᠢ᠋ᠶ᠋ᠡᠨ ᠬᠥᠳᠡᠯᠭᠡᠨ ᠵᠠᠮᠤᠬ᠎ᠠ ᠶ᠋ᠢ ᠨᠡᠬᠡᠨ ᠣᠴᠢᠭᠠᠳ ᠬᠣᠷᠣᠨ ᠬᠡᠯᠡ ᠲᠡᠢ ᠲᠡᠭᠦᠨ ᠢ᠋ ᠬᠠᠷᠪᠤᠨ ᠠᠯᠠᠬᠤ ᠬᠦᠰᠡᠯ ᠣᠷᠭᠢᠯᠤᠭᠰᠠᠨ ᠴᠤ᠌ ᠲᠡᠷᠡ ᠲᠡᠭᠡᠭᠰᠡᠨ ᠦᠭᠡᠢ ᠮᠣᠷᠢ ᠪᠠᠨ ᠡᠷᠭᠢᠭᠦᠯᠦᠨ ᠭᠡᠳᠡᠷᠭᠦ ᠪᠤᠴᠠᠯ᠎ᠠ᠃
ᠡᠨᠡ ᠪᠣᠯ ᠵᠠᠮᠤᠬ᠎ᠠ ᠯᠠ ᠬᠡᠯᠡᠵᠦ ᠰᠠᠨᠠᠭᠤᠯᠤᠭᠰᠠᠨ ᠪᠣᠯᠬᠤ ᠡᠴᠡ ᠪᠢᠰᠢ ᠤᠭ ᠨᠢ ᠣᠯᠠᠨ ᠤᠳᠠᠭ᠎ᠠ ᠳᠤᠷᠠᠰᠤᠭᠳᠠᠨ ᠶᠠᠷᠢᠭᠳᠠᠭᠰᠠᠨ᠂ ᠪᠠᠰᠠ ᠴᠤ᠌ ᠦᠭᠡᠢ ᠨᠡᠯᠢᠶᠡᠳ ᠬᠠᠯᠠᠭᠤᠨ ᠬᠡᠷᠡᠭᠦᠯ ᠮᠠᠷᠭᠤᠭᠠᠨ ᠤ᠋ ᠡᠬᠢ ᠪᠣᠯᠤᠭᠰᠠᠨ ᠬᠡᠷᠡᠭ ᠪᠢᠯᠡ᠃ᠶᠢᠰᠦᠭᠡᠢ ᠬᠦᠴᠦᠷᠬᠡᠭ ᠪᠠᠢᠭᠰᠠᠨ ᠪᠣᠯᠬᠣᠷ ᠥᠭᠡᠯᠦᠨ ᠢ᠋ ᠡᠷᠭᠢᠭᠦᠯᠦᠨ ᠠᠪᠬᠤ ᠭᠡᠵᠦ ᠣᠷᠣᠯᠳᠣᠬᠤ ᠨᠢ ᠮᠡᠷᠭᠢᠳ ᠦ᠋ᠳ ᠦ᠋ᠨ ᠬᠤᠪᠢ ᠳ᠋ᠤ᠌ ᠦᠬᠦᠯ ᠲᠡᠢ ᠠᠳᠠᠯᠢ ᠬᠡᠷᠡᠭ ᠭᠡᠵᠦ ᠶᠡᠬᠡᠩᠬᠢ ᠨᠢ ᠦᠵᠡᠭᠰᠡᠨ ᠤᠴᠢᠷ ᠡᠴᠡ ᠡᠬᠡᠨᠡᠷ ᠢ᠋ᠶ᠋ᠡᠨ ᠠᠯᠳᠠᠭᠰᠠᠨ ᠶᠡᠬᠡ ᠴᠢᠯᠡᠳᠦ ᠮᠤᠬᠤᠷᠳᠠᠭᠰᠠᠨ ᠶᠤᠮ᠃ᠤᠴᠢᠷ ᠨᠢ ᠥᠭᠡᠯᠦᠨ ᠡᠴᠡ ᠪᠣᠯᠵᠤ ᠪᠣᠷᠵᠢᠭᠢᠨ ᠠᠢᠮᠠᠭ ᠲᠠᠢ ᠳᠣᠯᠣᠭᠠᠨ ᠡᠭᠦᠰᠬᠡᠬᠦ ᠶ᠋ᠢ ᠮᠡᠷᠭᠢᠳ ᠦ᠋ᠨ ᠨᠥᠭᠦᠭᠡ ᠬᠣᠶᠠᠷ ᠭᠣᠣᠯ ᠤᠳᠤᠷᠢᠳᠤᠭᠴᠢ ᠳ᠋ᠠᠢᠷ ᠤᠰᠤᠨ᠂ ᠬᠠᠲᠠᠢ ᠳᠠᠷᠮᠠᠯᠠ ᠬᠣᠶᠠᠷ ᠳᠡᠮᠵᠢᠭᠡ ᠦᠭᠡᠢ ᠤᠴᠢᠷ ᠡᠴᠡ ᠲᠣᠭᠲᠠᠭ᠎ᠠ ᠪᠡᠬᠢ ᠭᠠᠭᠴᠠᠭᠠᠷᠳᠠᠭᠠᠳ ᠶᠠᠭᠠᠬᠢᠵᠤ ᠴᠤ᠌ ᠴᠢᠳᠠᠭ᠎ᠠ ᠦᠭᠡᠢ ᠪᠢᠯᠡ᠃ᠲᠡᠭᠡᠭᠡᠳ ᠴᠦ᠍ ᠶᠡᠬᠡ ᠴᠢᠯᠡᠳᠦ ᠤᠭ ᠤ᠋ᠨ ᠰᠡᠳᠬᠢᠯ ᠵᠥᠭᠡᠯᠡᠨ ᠬᠠᠯᠢᠷᠠᠮᠠᠬᠠᠢ ᠬᠥᠮᠦᠨ ᠤᠴᠢᠷ ᠳᠠᠬᠢᠨ ᠳᠠᠬᠢᠨ ᠱᠠᠭᠠᠷᠳᠠᠵᠤ ᠨᠡᠬᠡᠬᠦ ᠦᠭᠡᠢ ᠣᠷᠬᠢᠭᠰᠠᠨ ᠲᠤᠯᠠ ᠨᠢᠭᠡᠨᠲᠡ ᠬᠥᠮᠦᠨ ᠦ᠌ ᠬᠡᠷᠡᠭ ᠪᠣᠯᠬᠣᠷ ᠪᠤᠰᠤᠳ ᠨᠢ ᠶᠠᠭᠤ ᠭᠡᠬᠦ ᠪᠢᠯᠡ᠃ᠤᠳᠠᠯ ᠦᠭᠡᠢ ᠴᠢᠯᠡᠳᠦ ᠥᠭᠡᠷ᠎ᠡ ᠡᠮ᠎ᠡ ᠠᠪᠴᠤ ᠰᠠᠳᠠᠭᠠᠷᠠᠵᠠᠢ᠃ᠬᠠᠷᠢᠨ ᠴᠢᠯᠡᠳᠦ ᠥᠭᠡᠯᠦᠨ ᠢ᠋ ᠠᠯᠳᠠᠭᠰᠠᠨ ᠡᠴᠡ ᠬᠣᠢᠰᠢ ᠠᠷᠪᠠᠨ ᠬᠡᠳᠦᠨ ᠵᠢᠯ ᠦ᠋ᠨ ᠬᠣᠢᠨ᠎ᠠ ᠭᠡᠨᠡᠳᠲᠡ ᠰᠤᠷᠠᠭ ᠦᠭᠡᠢ ᠠᠯᠠᠭ᠎ᠠ ᠪᠣᠯᠤᠭᠰᠠᠨ ᠲᠤᠯᠠ ᠡᠨᠡ ᠶᠠᠪᠤᠳᠠᠯ ᠪᠦᠷ ᠴᠦ᠍ ᠮᠠᠷᠲᠠᠭᠳᠠᠵᠠᠢ᠃ᠭᠡᠲᠡᠯ᠎ᠡ ᠪᠠᠷᠤᠭ ᠮᠠᠷᠲᠠᠭᠳᠠᠭᠰᠠᠨ ᠲᠡᠷᠡ ᠶᠠᠪᠤᠳᠠᠯ ᠢ᠋ ᠪᠦᠬᠦᠯᠢ ᠪᠦᠲᠦᠨ ᠣᠪᠣᠭ ᠤ᠋ᠨ ᠬᠢᠨᠢ ᠨᠡᠷ᠎ᠡ ᠲᠥᠷᠥ ᠲᠡᠢ ᠬᠣᠯᠪᠣᠨ ᠵᠠᠮᠤᠬ᠎ᠠ ᠬᠣᠣᠷᠲᠠᠢ ᠳᠣᠷᠣᠮᠵᠢᠯᠠᠬᠤ ᠦᠭᠡ ᠪᠡᠷ ᠨᠡᠬᠡᠨ ᠰᠠᠨᠠᠭᠤᠯᠪᠠ᠃ᠨᠡᠭᠡᠷᠡᠨ ᠴᠦ᠍ ᠲᠡᠮᠦᠵᠢᠨ ᠣᠳᠣ ᠮᠡᠷᠭᠢᠳ ᠦ᠋ᠳ ᠢ᠋ ᠡᠰᠡᠷᠭᠦᠴᠡᠵᠦ ᠴᠢᠳᠠᠬᠤ ᠦᠭᠡᠢ ᠨᠢ ᠦᠨᠡᠨ ᠪᠠᠢᠯ᠎ᠠ᠃ᠡᠢᠮᠦ ᠳ᠋ᠦ᠍ ᠲᠡᠭᠦᠨ ᠡᠴᠡ ᠪᠥᠷᠲᠡ ᠶ᠋ᠢ ᠪᠦᠯᠢᠶᠡᠨ ᠠᠪᠬᠤ ᠨᠢ ᠴᠦ᠍ ᠪᠠᠭ᠎ᠠ ᠬᠡᠷᠡᠭ ᠮᠡᠲᠦ᠃ᠬᠠᠷᠢᠨ ᠲᠡᠮᠦᠵᠢᠨ ᠢ᠋ ᠣᠯᠵᠠᠯᠠᠨ ᠠᠪᠴᠤ ᠥᠪᠡᠷ ᠦ᠋ᠨ ᠣᠮᠣᠭ ᠲᠤ᠌ ᠠᠪᠴᠢᠷᠠᠨ ᠪᠣᠭᠣᠯ ᠤ᠋ᠨ ᠶᠣᠰᠣ ᠪᠠᠷ ᠰᠠᠭᠤᠯᠭᠠᠪᠠᠯ ᠶᠣᠰᠣᠲᠠᠢ ᠨᠢᠭᠡ ᠥᠰᠢᠶ᠎ᠡ ᠠᠪᠤᠭᠰᠠᠨ ᠪᠣᠯᠤᠨ᠎ᠠ ᠳᠠ ᠭᠡᠵᠦ ᠲᠣᠭᠲᠠᠭ᠎ᠠ ᠪᠡᠬᠢ ᠪᠣᠳᠣᠪᠠ᠃ᠤᠴᠢᠷ ᠨᠢ ᠣᠳᠣ ᠮᠣᠩᠭᠣᠯ ᠤ᠋ᠨ ᠲᠠᠯ᠎ᠠ ᠨᠤᠲᠤᠭ ᠲᠤ᠌ ᠲᠡᠮᠦᠵᠢᠨ ᠢ᠋ ᠥᠮᠥᠭᠯᠡᠨ ᠬᠠᠮᠠᠭᠠᠯᠠᠬᠤ ᠬᠥᠮᠦᠨ ᠬᠦᠴᠦ ᠨᠢᠭᠡ ᠴᠦ᠍ ᠦᠭᠡᠢ ᠲᠤᠯᠠ ᠠᠶᠤᠬᠤ ᠵᠦᠢᠯ ᠦᠭᠡᠢ ᠠᠵᠢ᠃ᠡᠰᠡᠪᠡᠯ ᠪᠦᠷ ᠲᠡᠭᠦᠨ ᠢ᠋ ᠪᠠᠷᠢᠵᠤ ᠪᠣᠷᠵᠢᠭᠢᠨ ᠠᠢᠮᠠᠭ ᠤ᠋ᠨ ᠬᠢᠨ ᠲᠡᠢ ᠡᠷᠲᠡᠨ ᠦ᠌ ᠦᠰ ᠬᠣᠨᠵᠢᠩ ᠲᠠᠢ ᠲᠠᠲ᠋ᠠᠷ ᠤ᠋ᠳ ᠲᠤ᠌ ᠥᠭᠪᠡᠯ ᠶᠡᠬᠡ ᠦᠨ᠎ᠡ ᠬᠦᠷᠬᠦ ᠮᠠᠭᠠᠳ ᠭᠡᠵᠦ ᠪᠡᠶᠡᠰᠦᠨ ᠪᠣᠳᠣᠭᠠᠳ ᠲᠣᠭᠲᠠᠭ᠎ᠠ ᠪᠡᠬᠢ ᠶ᠋ᠢᠨ ᠠᠭᠤᠷ ᠭᠠᠷᠴᠠᠢ᠃ᠪᠤᠴᠠᠬᠤ ᠵᠠᠮ ᠳ᠋ᠠᠭᠠᠨ ᠲᠡᠷᠡ ᠵᠠᠮᠤᠬ᠎ᠠ ᠶ᠋ᠢᠨ ᠬᠣᠷᠣᠨ ᠦᠭᠡ ᠶ᠋ᠢ ᠮᠠᠷᠲᠠᠭᠠᠳ ᠲᠡᠮᠦᠵᠢᠨ ᠢ᠋ ᠡᠷᠢᠵᠦ ᠣᠯᠬᠤ ᠪᠠᠷ ᠪᠠᠲᠤ ᠰᠢᠢᠳᠴᠦ ᠮᠣᠷᠢ ᠪᠠᠨ ᠭᠤᠶᠠᠳᠠᠪᠠ᠃ᠬᠠᠷᠢᠨ ᠵᠠᠮᠤᠬ᠎ᠠ ᠭᠡᠷ ᠦ᠋ᠨ ᠵᠦᠭ ᠪᠠᠭ ᠴᠡᠷᠢᠭ ᠢ᠋ᠶ᠋ᠡᠨ ᠳᠠᠭᠠᠭᠤᠯᠤᠨ ᠢᠨᠢᠶᠡᠳᠦ ᠬᠥᠷ ᠳᠦᠭᠦᠷᠡᠩ ᠳᠠᠪᠬᠢᠵᠤ ᠶᠠᠪᠤᠯ᠎ᠠ᠃ᠲᠡᠷᠡ ᠲᠡᠮᠦᠵᠢᠨ ᠳ᠋ᠦ᠍ ᠬᠡᠵᠢᠶ᠎ᠡ ᠴᠦ᠍ ᠮᠠᠷᠲᠠᠭᠳᠠᠬᠤ ᠦᠭᠡᠢ ᠪᠡᠯᠡᠭ ᠪᠠᠷᠢᠪᠠ ᠭᠡᠮᠡᠨ ᠰᠡᠳᠬᠢᠯ ᠬᠠᠨᠵᠠᠢ᠃ᠬᠠᠷᠢᠨ ᠲᠡᠭᠦᠨ ᠢ᠋ ᠮᠡᠷᠭᠢᠳ ᠠᠢᠮᠠᠭ ᠤ᠋ᠨ ᠳᠣᠲᠣᠷᠠᠬᠢ ᠭᠤᠷᠪᠠᠨ ᠲᠣᠮᠣ ᠣᠪᠣᠭ ᠤ᠋ᠨ ᠨᠢᠭᠡ ᠪᠣᠯᠬᠤ ᠣᠳᠣᠢᠳ ᠮᠡᠷᠭᠢᠳ ᠦ᠋ᠨ ᠲᠣᠯᠣᠭᠠᠢᠯᠠᠭᠴᠢ ᠲᠣᠭᠲᠠᠭ᠎ᠠ ᠪᠡᠬᠢ ᠬᠡᠮᠡᠭᠴᠢ ᠲᠡᠢ ᠡᠨᠡ ᠠᠯᠤᠰ ᠬᠡᠭᠡᠷ᠎ᠡ ᠭᠠᠵᠠᠷ ᠪᠠᠢᠭᠠᠯ ᠨᠠᠭᠤᠷ ᠤ᠋ᠨ ᠡᠷᠭᠢ ᠳ᠋ᠦ᠍ ᠬᠥᠮᠦᠨ ᠡᠴᠡ ᠳᠠᠯᠳᠠ ᠲᠦᠷᠭᠡᠨ ᠵᠠᠭᠤᠷ᠎ᠠ ᠶᠠᠭᠤ ᠬᠡᠯᠡᠯᠴᠡᠭᠰᠡᠨ ᠢ᠋ ᠬᠡᠨ ᠴᠦ᠍ ᠮᠡᠳᠡᠭᠰᠡᠨ ᠦᠭᠡᠢ ᠥᠩᠭᠡᠷᠡᠪᠡ᠃ᠲᠡᠷᠡ ᠪᠤᠤ ᠬᠡᠯᠡ ᠠᠮᠠ ᠰᠤᠯᠠ ᠲᠠᠢ ᠵᠠᠮᠤᠬ᠎ᠠ ᠡᠨᠡ ᠤᠳᠠᠭ᠎ᠠ ᠦᠨᠡᠨᠴᠢ ᠪᠣᠭᠣᠯ ᠬᠠᠨᠲᠡᠮᠦᠷ ᠲᠡᠭᠡᠨ ᠴᠦ᠍ ᠶᠠᠭᠤ ᠴᠤ᠌ ᠡᠰᠡ ᠳᠤᠷᠠᠳᠪᠠ᠃ᠴᠣᠬᠣᠮ ᠶᠠᠭᠤᠨ ᠡᠴᠡ ᠢᠩᠭᠢᠵᠦ ᠠᠶᠤᠵᠤ ᠪᠣᠯᠭᠣᠮᠵᠢᠯᠠᠭᠠᠳ ᠪᠠᠢᠭ᠎ᠠ ᠪᠠᠨ ᠵᠠᠮᠤᠬ᠎ᠠ ᠥᠪᠡᠷ ᠢ᠋ᠶ᠋ᠡᠨ ᠴᠦ᠍ ᠣᠢᠯᠠᠭᠠᠭᠰᠠᠨ ᠦᠭᠡᠢ᠃ᠬᠣᠷᠭᠣᠳᠠᠬᠤ ᠭᠡᠷ ᠦᠭᠡᠢ᠂ ᠬᠣᠮᠣᠷᠭᠠᠯᠠᠬᠤ ᠴᠡᠷᠢᠭ ᠦᠭᠡᠢ ᠶᠠᠪᠤᠭ᠎ᠠ ᠲᠡᠮᠦᠵᠢᠨ ᠡᠴᠡ ᠠᠶᠤᠪᠠ ᠭᠡᠵᠢ ᠤᠤ?
ᠰᠠᠶᠢ ᠲᠣᠭᠲᠠᠭ᠎ᠠ ᠪᠡᠬᠢ ᠲᠡᠢ ᠶᠠᠷᠢᠭᠰᠠᠨ ᠵᠦᠢᠯ ᠢ᠋ᠶ᠋ᠡᠨ ᠲᠡᠭᠡᠲᠡᠯ᠎ᠡ ᠢᠩᠭᠢᠵᠦ ᠨᠢᠭᠤᠴᠠᠯᠠᠭᠠᠳ ᠪᠠᠢᠭ᠎ᠠ ᠨᠢ ᠲᠡᠮᠦᠵᠢᠨ ᠲᠡᠢ ᠲᠠᠯᠪᠢᠭᠰᠠᠨ ᠠᠨᠳᠠ ᠶ᠋ᠢᠨ ᠲᠠᠩᠭᠠᠷᠢᠭ ᠡᠴᠡ ᠪᠠᠨ ᠤᠷᠪᠠᠪᠠ ᠭᠡᠮᠡᠨ ᠰᠡᠳᠬᠢᠯ ᠦ᠋ᠨ ᠭᠦᠨ ᠳ᠋ᠦ᠍ ᠰᠢᠨᠠᠯᠤᠭᠰᠠᠭᠠᠷ ᠪᠠᠢᠭ᠎ᠠ ᠶ᠋ᠢᠨ ᠬᠢ ᠭᠡᠳᠡᠭ ᠢ᠋ ᠵᠠᠮᠤᠬ᠎ᠠ ᠵᠥᠪᠰᠢᠶᠡᠷᠡᠵᠦ ᠴᠢᠳᠠᠬᠤ ᠦᠭᠡᠢ ᠪᠠᠢᠯ᠎ᠠ᠃ᠶᠠᠭᠤ ᠪᠣᠯᠬᠤ ᠭᠡᠵᠦ ᠪᠠᠢᠭ᠎ᠠ ᠶ᠋ᠢ ᠳᠠᠭᠠᠬᠤ ᠰᠠᠨᠠᠭ᠎ᠠ ᠲᠠᠢ ᠬᠠᠨᠲᠡᠮᠦᠷ ᠡᠵᠡᠨ ᠦ᠌ ᠪᠡᠨ ᠪᠠᠶᠠᠰᠬᠤᠯᠠᠩᠲᠤ ᠴᠢᠷᠠᠢ ᠶ᠋ᠢ ᠰᠠᠮ ᠰᠠᠮ ᠠᠵᠢᠵᠤ ᠶᠠᠪᠤᠪᠠ᠃ᠵᠠᠮᠤᠬ᠎ᠠ ᠶ᠋ᠢᠨ ᠲᠣᠭᠠᠴᠠᠭᠰᠠᠨ ᠵᠥᠪ ᠪᠣᠯᠵᠤ ᠪᠠᠷᠳᠠᠮ ᠵᠠᠩ ᠨᠢ ᠬᠥᠲᠥᠯᠦᠭᠰᠡᠨ ᠲᠣᠭᠲᠠᠭ᠎ᠠ ᠪᠡᠬᠢ ᠭᠤᠷᠪᠠᠨ ᠵᠠᠭᠤᠨ ᠴᠡᠷᠢᠭ ᠳᠠᠭᠠᠭᠤᠯᠤᠨ ᠪᠤᠷᠬᠠᠨ ᠬᠠᠯᠳᠤᠨ ᠠᠭᠤᠯᠠ ᠶ᠋ᠢᠨ ᠬᠠᠮᠢᠭ᠎ᠠ ᠨᠢᠭᠡ ᠳ᠋ᠦ᠍ ᠪᠠᠢᠬᠤ ᠰᠤᠷᠠᠭ ᠲᠠᠢ ᠲᠡᠮᠦᠵᠢᠨ ᠦ᠌ ᠪᠢᠴᠢᠬᠠᠨ ᠬᠦᠷᠢᠶ᠎ᠡ ᠶ᠋ᠢ ᠡᠷᠢᠵᠦ ᠣᠯᠬᠤ ᠪᠠᠷ ᠮᠣᠷᠳᠠᠭᠰᠠᠨ ᠪᠢᠯᠡ᠃ᠵᠠᠮᠤᠬ᠎ᠠ ᠶ᠋ᠢᠨ ᠪᠡᠯᠡᠳᠦᠭᠰᠡᠨ ᠪᠡᠯᠡᠭ ᠰᠠᠨᠠᠮᠰᠠᠷ ᠦᠭᠡᠢ ᠢᠩᠭᠢᠵᠦ ᠪᠦᠲᠦᠭᠰᠡᠨ ᠪᠥᠭᠡᠳ ᠲᠡᠭᠦᠨ ᠦ᠌ ᠨᠢᠭᠤᠴᠠ ᠬᠦᠰᠡᠯ ᠢ᠋ᠶ᠋ᠡᠷ ᠪᠥᠷᠲᠡ ᠮᠡᠷᠭᠢᠳ ᠲᠦ᠍ ᠪᠤᠯᠢᠶᠠᠭᠳᠠᠵᠤ ᠲᠡᠮᠦᠵᠢᠨ ᠦ᠌ ᠭᠡᠷ ᠲᠦ᠍ ᠮᠡᠷᠭᠢᠳ ᠴᠢᠰᠤᠨ ᠤ᠋ ᠵᠥᠴᠢ ᠬᠥᠪᠡᠭᠦᠨ ᠲᠥᠷᠥᠭᠰᠡᠨ ᠪᠠᠢᠪᠠ᠃ᠵᠥᠴᠢ ᠪᠣᠯ ᠲᠡᠮᠦᠵᠢᠨ ᠳ᠋ᠦ᠍ ᠢᠯᠡᠭᠡᠭᠰᠡᠨ ᠬᠤᠷᠢᠮ ᠤ᠋ᠨ ᠪᠡᠯᠡᠭ ᠭᠡᠵᠦ ᠵᠠᠮᠤᠬ᠎ᠠ ᠳᠣᠲᠣᠷ᠎ᠠ ᠪᠠᠨ ᠲᠥᠪᠥᠢᠯᠭᠡᠨ ᠪᠣᠳᠣᠬᠤ ᠳᠤᠷᠠᠲᠠᠢ ᠴᠤ᠌ ᠬᠠᠷᠢᠨ ᠬᠠᠰᠢᠷ ᠬᠥᠮᠦᠨ ᠲᠤᠯᠠ ᠡᠨᠡ ᠲᠤᠬᠠᠢ ᠬᠡᠨ ᠳ᠋ᠦ᠍ ᠴᠦ᠍ ᠠᠮᠠ ᠠᠩᠭᠠᠢᠭᠰᠠᠨ ᠦᠭᠡᠢ᠃ᠤᠴᠢᠷ ᠨᠢ ᠲᠡᠮᠦᠵᠢᠨ ᠪᠣᠯ ᠲᠡᠮᠦᠵᠢᠨ ᠰᠢᠦ ᠳᠡ᠃ᠲᠡᠷᠡ ᠪᠠᠭ᠎ᠠ ᠨᠠᠰᠤᠨ ᠡᠴᠡ ᠪᠠᠨ ᠦᠷᠭᠦᠯᠵᠢ ᠵᠠᠮᠤᠬ᠎ᠠ ᠶ᠋ᠢ ᠶᠠᠭᠤᠨ ᠳᠡᠭᠡᠷ᠎ᠡ ᠴᠦ᠍ ᠪᠣᠯᠪᠠ ᠳᠠᠪᠠᠵᠤ ᠭᠠᠷᠳᠠᠭ ᠰᠦᠷᠡᠬᠡᠢ ᠬᠡᠦᠬᠡᠳ ᠪᠠᠢᠭᠰᠠᠨ ᠢ᠋ ᠶᠠᠭᠠᠬᠢᠵᠤ ᠮᠠᠷᠲᠠᠬᠤ ᠪᠢᠯᠡ᠃ᠲᠤᠭᠤᠷᠢᠯ ᠬᠠᠨ ᠤ᠋ ᠭᠡᠷ ᠲᠦ᠍ ᠵᠢᠯ ᠭᠠᠷᠤᠢ ᠶ᠋ᠢᠨ ᠬᠤᠭᠤᠴᠠᠭᠠᠨ ᠳ᠋ᠤ᠌ ᠴᠣᠭ ᠰᠠᠭᠤᠬᠤ ᠦᠶ᠎ᠡ ᠳ᠋ᠡᠭᠡᠨ ᠬᠦᠷᠲᠡᠯ᠎ᠡ ᠬᠠᠷ᠎ᠠ ᠦᠷ ᠢ᠋ᠶ᠋ᠡᠷ ᠪᠣᠰᠴᠤ ᠲᠣᠭᠣᠷᠢᠯ ᠤ᠋ᠨ ᠠᠶᠠᠭ᠎ᠠ ᠪᠠᠷ ᠠᠢᠷᠠᠭ ᠤᠤᠭᠤᠴᠢᠬᠠᠳᠠᠭ ᠬᠥᠩᠭᠡᠨ ᠨᠣᠢᠷ ᠲᠠᠢ᠂ ᠬᠥᠯ ᠬᠤᠷᠳᠤᠨ ᠲᠠᠢ ᠠᠳᠠ ᠲᠠᠢ ᠬᠦᠦ ᠪᠠᠢᠯ᠎ᠠ᠃ᠲᠡᠮᠦᠵᠢᠨ ᠦ᠌ ᠡᠨᠡ ᠱᠠᠯᠠᠮᠠᠭ ᠰᠡᠷᠭᠦᠯᠡᠩ ᠪᠠᠢᠳᠠᠯ ᠢ᠋ ᠲᠣᠭᠣᠷᠢᠯ ᠬᠠᠨ ᠶᠡᠬᠡᠳᠡ ᠲᠣᠭᠣᠨ《ᠶᠢᠰᠦᠭᠡᠢ ᠶ᠋ᠢᠨ ᠡᠨᠡ ᠪᠡᠯᠲᠡᠷᠭᠡ ᠲᠣᠯᠣᠭᠠᠢ ᠳᠡᠭᠡᠷ᠎ᠡ ᠴᠠᠬᠢᠭᠤᠷ ᠬᠠᠭᠠᠯᠬᠤ ᠬᠥᠮᠦᠨ ᠳᠡ》 ᠭᠡᠵᠦ ᠢᠯᠡ ᠲᠣᠳᠣ ᠮᠠᠭᠲᠠᠳᠠᠭ ᠪᠠᠢᠪᠠ᠃ᠲᠡᠢᠮᠦ ᠤᠴᠢᠷ ᠡᠴᠡ ᠵᠠᠮᠤᠬ᠎ᠠ ᠬᠡᠦᠬᠡᠳ ᠠᠬᠤᠢ ᠳ᠋ᠠᠭᠠᠨ ᠲᠡᠮᠦᠵᠢᠨ ᠲᠡᠢ ᠠᠨᠳᠠ ᠶ᠋ᠢᠨ ᠲᠠᠩᠭᠠᠷᠢᠭ ᠲᠠᠯᠪᠢᠴᠢᠬᠠᠬᠤ ᠳ᠋ᠠᠭᠠᠨ ᠲᠤᠢᠯ ᠤ᠋ᠨ ᠤᠷᠮ᠎ᠠ ᠲᠠᠢ ᠪᠠᠬᠠᠷᠬᠠᠯ ᠲᠠᠢ ᠪᠠᠢᠭᠰᠠᠨ ᠶᠤᠮ᠃ᠲᠡᠷᠡ ᠲᠠᠩᠭᠠᠷᠢᠭ ᠲᠡᠳᠡᠨ ᠦ᠌ ᠬᠤᠪᠢ ᠳ᠋ᠤ᠌ ᠬᠠᠮᠤᠭ ᠤ᠋ᠨ ᠦᠨᠡᠲᠡᠢ᠂ ᠮᠠᠷᠲᠠᠵᠤ ᠡᠪᠳᠡᠵᠦ ᠪᠣᠯᠬᠤ ᠦᠭᠡᠢ ᠠᠷᠢᠭᠤᠨ ᠨᠠᠨᠳᠢᠨ ᠰᠡᠳᠬᠢᠯ ᠦ᠋ᠨ ᠢᠯᠡᠷᠬᠡᠢᠯᠡᠯ ᠪᠠᠢᠭᠰᠠᠨ ᠪᠣᠯᠬᠣᠷ ᠵᠠᠮᠤᠬ᠎ᠠ ᠬᠡᠳᠦᠢ ᠬᠣᠢᠨ᠎ᠠ ᠴᠤ᠌ ᠭᠡᠯᠡ ᠲᠡᠮᠦᠵᠢᠨ ᠳ᠋ᠦ᠍ ᠢᠯᠡᠷᠬᠡᠢ ᠳᠠᠢᠰᠤᠩᠨᠠᠬᠤ ᠡᠴᠡ ᠠᠯᠢ ᠪᠣᠯᠬᠤ ᠪᠠᠷ ᠲᠣᠭᠣᠷᠢᠬᠤ ᠶ᠋ᠢ ᠬᠢᠴᠢᠶᠡᠳᠡᠭ᠃ᠪᠠᠰᠠ ᠲᠡᠮᠦᠵᠢᠨ ᠴᠦ᠍ ᠢᠩᠭᠢᠵᠦ ᠬᠢᠴᠢᠶᠡᠵᠦ ᠪᠠᠢᠬᠤ ᠶ᠋ᠢ ᠮᠡᠳᠡᠷᠡᠳᠡᠭ ᠪᠠᠢᠪᠠ᠃ᠮᠡᠷᠭᠢᠳ ᠦ᠋ᠨ ᠲᠣᠭᠲᠠᠭ᠎ᠠ ᠪᠡᠬᠢ ᠶ᠋ᠢ ᠬᠡᠨ ᠥᠳᠥᠭᠡᠨ ᠬᠠᠳᠬᠤᠭᠰᠠᠨ ᠢ᠋ ᠲᠡᠮᠦᠵᠢᠨ ᠬᠡᠷᠪᠡ ᠰᠣᠨᠣᠰᠪᠠᠯ ᠶᠠᠭᠠᠬᠢᠪᠠᠴᠤ ᠲᠡᠭᠦᠨ ᠢ᠋ ᠥᠷᠥᠰᠢᠶᠡᠬᠦ ᠦᠭᠡᠢ ᠭᠡᠵᠦ ᠵᠠᠮᠤᠬ᠎ᠠ ᠢᠲᠡᠭᠡᠨ᠎ᠡ᠃ᠥᠪᠡᠷ ᠦ᠋ᠨ ᠬᠢᠨᠢ ᠳᠡᠷᠭᠡᠳᠡ ᠪᠠᠢᠭᠰᠠᠨ ᠪᠣᠷᠵᠢᠭᠢᠨ ᠠᠢᠮᠠᠭ ᠤ᠋ᠨ ᠢᠷᠭᠡᠳ ᠲᠡᠷᠡ ᠳᠤᠮᠳᠠ ᠪᠠᠨ ᠵᠠᠮᠤᠬ᠎ᠠ ᠶ᠋ᠢᠨ ᠦᠨᠡᠨᠴᠢ ᠠᠨᠳᠠ ᠭᠡᠭᠳᠡᠵᠦ ᠪᠠᠢᠭᠰᠠᠨ ᠬᠣᠲᠠᠯᠠ ᠬᠠᠭᠠᠨ ᠤ᠋ ᠬᠥᠪᠡᠭᠦᠨ ᠠᠯᠲᠠᠨ᠂ ᠨᠡᠭᠦᠨ ᠲᠠᠢᠵᠢ ᠶ᠋ᠢᠨ ᠬᠥᠪᠡᠭᠦᠨ ᠬᠣᠴᠢᠷ ᠨᠠᠷ ᠲᠡᠮᠦᠵᠢᠨ ᠳ᠋ᠦ᠍ ᠳᠠᠭᠠᠨ ᠣᠴᠢᠵᠤ ᠲᠡᠭᠦᠨ ᠢ᠋ ᠡᠷᠭᠦᠮᠵᠢᠯᠡᠵᠦ ᠪᠦᠷ《ᠴᠢᠩᠭᠢᠰ ᠬᠠᠭᠠᠨ》 ᠭᠡᠮᠡᠨ ᠨᠡᠷᠡᠢᠳᠴᠦ ᠨᠡᠢᠲᠡ ᠳ᠋ᠦ᠍ ᠲᠤᠩᠬᠠᠭᠯᠠᠭᠰᠠᠨ ᠢ᠋ ᠰᠣᠨᠣᠰᠴᠤ ᠮᠡᠳᠡᠮᠡᠭᠴᠡ ᠪᠡᠨ ᠵᠠᠮᠤᠬ᠎ᠠ ᠶ᠋ᠢᠨ ᠲᠡᠪᠴᠢᠶᠡᠷᠢ᠂ ᠢᠲᠡᠭᠡᠯ ᠨᠢᠭᠡᠨᠲᠡ ᠠᠯᠳᠠᠷᠠᠵᠤ ᠦᠨᠡᠨ ᠰᠡᠳᠬᠢᠯ ᠡᠴᠡ ᠬᠣᠷᠣᠰᠤᠨ ᠠᠲᠠᠭᠠᠷᠬᠠᠬᠤ ᠳ᠋ᠤ᠌ ᠲᠡᠮᠦᠵᠢᠨ ᠢ᠋ ᠵᠢᠩᠬᠢᠨᠢ ᠳᠠᠢᠰᠤᠨ ᠢ᠋ᠶ᠋ᠠᠨ ᠭᠡᠵᠦ ᠦᠵᠡᠬᠦ ᠨᠢ ᠤᠯᠠᠮ ᠬᠦᠴᠦᠲᠡᠢ ᠪᠣᠯᠪᠠ᠃ᠪᠠᠰᠠ ᠲᠡᠮᠦᠵᠢᠨ ᠦ᠌ ᠨᠡᠷ᠎ᠡ ᠬᠦᠨᠳᠦ ᠥᠰᠴᠦ ᠠᠯᠪᠠᠲᠤ ᠢᠷᠭᠡᠳ ᠨᠢ ᠣᠯᠠᠨ ᠪᠣᠯᠬᠤ ᠶ᠋ᠢᠨ ᠬᠢᠷᠢ ᠪᠡᠷ ᠡᠷᠲᠡᠨ ᠦ᠌ ᠬᠣᠯᠪᠣᠭᠠᠲᠠᠨ ᠬᠡᠷᠡᠢᠳ ᠦ᠋ᠨ ᠲᠣᠭᠣᠷᠢᠯ ᠬᠠᠨ ᠲᠡᠮᠦᠵᠢᠨ ᠢ᠋ ᠢᠯᠡᠷᠬᠡᠢ ᠳᠠᠭᠠᠵᠤ᠂ ᠥᠮᠥᠭᠡᠷᠡᠵᠦ ᠬᠠᠮᠠᠭᠠᠯᠠᠨ ᠰᠠᠯᠪᠠᠭᠠᠨᠠᠬᠤ ᠪᠣᠯᠤᠭᠰᠠᠨ ᠨᠢ ᠵᠠᠮᠤᠬ᠎ᠠ ᠶ᠋ᠢᠨ ᠠᠭᠤᠷ ᠤᠴᠠᠭᠠᠷ ᠢ᠋ ᠨᠢᠭᠡᠨᠲᠡ ᠪᠠᠷᠠᠵᠠᠢ᠃
ᠲᠤᠭᠤᠷᠢᠯ ᠬᠠᠨ ᠬᠥᠭᠰᠢᠷᠡᠵᠦ ᠥᠨᠥ ᠴᠠᠭ ᠲᠤ᠌ ᠨᠢᠭᠡᠨᠲᠡ ᠦᠶ᠎ᠡ ᠪᠡᠨ ᠥᠩᠭᠡᠷᠡᠭᠡᠭᠰᠡᠨ ᠤᠳᠤᠷᠢᠳᠤᠭᠴᠢ ᠪᠣᠯᠤᠭᠰᠠᠨ ᠪᠠᠢᠯ᠎ᠠ᠃ᠬᠠᠷᠢᠨ ᠲᠡᠷᠡ ᠪᠡᠷ ᠲᠠᠯ᠎ᠠ ᠨᠤᠲᠤᠭ ᠲᠤ᠌ ᠢᠯᠡ ᠲᠣᠳᠣ ᠥᠷᠢᠰᠦᠯᠳᠦᠬᠦ ᠪᠣᠯᠤᠭᠰᠠᠨ ᠲᠡᠮᠦᠵᠢᠨ᠂ ᠵᠠᠮᠤᠬ᠎ᠠ ᠬᠡᠮᠡᠭᠴᠢ ᠰᠢᠨ᠎ᠡ ᠴᠠᠭ ᠤ᠋ᠨ ᠬᠣᠶᠠᠷ ᠵᠠᠯᠠᠭᠤ ᠤᠳᠤᠷᠢᠳᠤᠭᠴᠢ ᠶ᠋ᠢᠨ ᠳᠤᠮᠳᠠ ᠭᠤᠢᠪᠠᠵᠤ ᠳᠠᠢᠪᠠᠨ ᠶᠡᠬᠡᠩᠬᠢ ᠲᠣᠬᠢᠶᠠᠯᠳᠤᠯ ᠳ᠋ᠤ᠌ ᠬᠠᠭᠤᠴᠢᠨ ᠶᠣᠰᠣ᠂ ᠠᠮᠠ ᠲᠠᠩᠭᠠᠷᠢᠭ᠂ ᠶᠢᠰᠦᠭᠡᠢ ᠪᠣᠯᠤᠭᠠᠳ ᠲᠡᠮᠦᠵᠢᠨ ᠦ᠌ ᠦᠵᠡᠭᠦᠯᠦᠭᠰᠡᠨ ᠲᠤᠰᠠᠯᠠᠮᠵᠢ ᠶ᠋ᠢᠨ ᠬᠠᠷᠢᠭᠤ ᠶ᠋ᠢ ᠪᠣᠳᠣᠨ ᠲᠡᠮᠦᠵᠢᠨ ᠢ᠋ ᠥᠪᠡᠷ ᠦ᠋ᠨ ᠬᠠᠭᠤᠷᠠᠢ ᠬᠥᠪᠡᠭᠦᠨ ᠨᠡᠷ᠎ᠡ ᠶ᠋ᠢᠨ ᠳᠣᠣᠷ᠎ᠠ ᠥᠮᠥᠭᠯᠡᠨ ᠳᠡᠮᠵᠢᠵᠦ ᠪᠠᠢᠪᠠ᠃ᠭᠠᠭᠴᠠ ᠬᠥᠪᠡᠭᠦᠨ ᠰᠡᠩᠭᠦᠮ ᠨᠢ ᠡᠷ᠎ᠡ ᠴᠢᠳᠠᠯ᠂ ᠤᠬᠠᠭᠠᠨ ᠢ᠋ᠶ᠋ᠠᠷ ᠲᠡᠳᠡᠨ ᠢ᠋ ᠭᠦᠢᠴᠡᠬᠦ ᠦᠭᠡᠢ᠂ ᠪᠠᠰᠠ ᠵᠠᠮᠤᠬ᠎ᠠ ᠶ᠋ᠢᠨ ᠢᠳᠬᠠᠯᠭᠠᠨ ᠳ᠋ᠤ᠌ ᠠᠪᠲᠠᠨ ᠲᠡᠮᠦᠵᠢᠨ ᠲᠡᠢ ᠳᠠᠢᠰᠤᠩᠨᠠᠬᠤ ᠨᠢ ᠶᠡᠬᠡ ᠠᠶᠤᠯ ᠤᠴᠠᠷᠠᠭᠤᠯᠤᠨ᠎ᠠ ᠭᠡᠳᠡᠭ ᠢ᠋ ᠬᠠᠰᠢᠷ ᠡᠪᠦᠭᠡᠨ ᠭᠠᠳᠠᠷᠯᠠᠵᠤ ᠡᠰᠡᠷᠭᠦᠴᠡᠭᠰᠡᠭᠡᠷ ᠪᠠᠢᠭᠰᠠᠨ ᠴᠤ᠌ ᠵᠠᠮᠤᠬ᠎ᠠ ᠰᠡᠩᠭᠦᠮ ᠬᠣᠶᠠᠷ ᠲᠡᠭᠦᠨ ᠢ᠋ ᠢᠳᠬᠠᠵᠤ ᠴᠢᠳᠠᠭᠰᠠᠨ ᠪᠢᠯᠡ᠃ᠢᠩᠭᠢᠵᠦ ᠵᠠᠮᠤᠬ᠎ᠠ ᠶ᠋ᠢᠨ ᠡᠴᠦᠰ ᠦ᠋ᠨ ᠬᠦᠰᠡᠯ ᠪᠡᠶᠡᠯᠡᠵᠦ ᠲᠡᠮᠦᠵᠢᠨ ᠦ᠌ ᠭᠠᠷᠴᠠᠭ᠎ᠠ ᠦᠭᠡᠢ ᠦᠬᠦᠯ ᠦ᠋ᠨ ᠡᠳᠦᠷ ᠢᠷᠡᠵᠡᠢ᠃ᠰᠡᠩᠭᠦᠮ ᠢ᠋ ᠢᠳᠬᠠᠨ ᠲᠡᠮᠦᠵᠢᠨ ᠦ᠌ ᠡᠰᠡᠷᠭᠦ ᠲᠤᠷᠭᠢᠬᠤ ᠨᠢ ᠬᠠᠮᠤᠭ ᠤ᠋ᠨ ᠬᠢᠯᠪᠠᠷ ᠵᠦᠢᠯ ᠪᠠᠢᠭᠰᠠᠨ ᠪᠥᠭᠡᠳ ᠡᠪᠯᠡᠷᠡᠯ ᠨᠢᠭᠡᠳᠦᠯ ᠦ᠋ᠨ ᠲᠡᠮᠳᠡᠭ ᠪᠣᠯᠭᠠᠵᠤ ᠤᠷᠢᠨ ᠲᠠᠴᠢᠶᠠᠩᠭᠤᠢ ᠭᠦᠷᠪᠡᠯᠵᠢᠨ ᠭᠤᠸ᠎ᠠ ᠬᠠᠲᠤᠨ ᠢ᠋ᠶ᠋ᠠᠨ ᠰᠡᠩᠭᠦᠮ ᠳ᠋ᠦ᠍ ᠪᠡᠯᠡᠭ ᠪᠣᠯᠭᠠᠨ ᠥᠭᠭᠦᠭᠰᠡᠨ ᠶᠤᠮ᠃ᠲᠣᠭᠣᠷᠢᠯ ᠭᠣᠣᠯ ᠡᠴᠡ ᠬᠠᠢᠷᠠᠲᠠᠢ ᠭᠠᠭᠴᠠ ᠬᠥᠪᠡᠭᠦᠨ ᠰᠡᠩᠭᠦᠮ ᠲᠡᠢ ᠪᠡᠨ ᠲᠥᠷᠬᠥᠮ ᠳ᠋ᠡᠭᠡᠨ ᠡᠪᠳᠡᠷᠡᠯᠴᠡᠬᠦ ᠶ᠋ᠢ ᠳᠠᠩᠴᠤ ᠬᠦᠰᠡᠭᠡ ᠦᠭᠡᠢ ᠲᠤᠯᠠ ᠥᠪᠡᠷ ᠦ᠋ᠨ ᠡᠷᠬᠡ ᠦᠭᠡᠢ ᠲᠡᠭᠦᠨ ᠦ᠌ ᠦᠭᠡᠨ ᠳ᠋ᠦ᠍ ᠣᠷᠣᠵᠤ ᠲᠡᠮᠦᠵᠢᠨ ᠦ᠌ ᠡᠰᠡᠷᠭᠦ ᠵᠠᠮᠤᠬ᠎ᠠ ᠶ᠋ᠢᠨ ᠰᠠᠨᠠᠭᠠᠴᠢᠯᠠᠭᠰᠠᠨ ᠡᠪᠰᠡᠯ ᠳ᠋ᠦ᠍ ᠨᠢᠭᠡᠳᠬᠦ ᠡᠴᠡ ᠥᠭᠡᠷ᠎ᠡ ᠦᠭᠡ ᠦᠭᠡᠢ ᠪᠣᠯᠵᠠᠢ᠃ᠲᠡᠮᠦᠵᠢᠨ ᠰᠢᠭ ᠬᠦᠴᠦᠲᠡᠢ ᠥᠷᠢᠰᠦᠯᠳᠦᠭᠴᠢ ᠪᠡᠨ ᠳᠠᠷᠤᠵᠤ ᠴᠢᠳᠠᠪᠠᠯ ᠮᠣᠩᠭᠣᠯ ᠤ᠋ᠨ ᠲᠠᠯ᠎ᠠ ᠨᠤᠲᠤᠭ ᠲᠤ᠌ ᠬᠡᠷᠡᠢᠳ ᠠᠢᠮᠠᠭ ᠬᠠᠮᠤᠭ ᠤ᠋ᠨ ᠬᠦᠴᠦᠷᠬᠡᠭ ᠪᠣᠯᠬᠤ ᠨᠢ ᠭᠠᠷᠴᠠᠭ᠎ᠠ ᠦᠭᠡᠢ ᠶᠤᠮ᠃ᠲᠡᠮᠦᠵᠢᠨ ᠢ᠋ ᠬᠠᠭᠤᠷᠤᠨ ᠠᠪᠴᠢᠷᠠᠵᠤ ᠠᠯᠠᠬᠤ ᠭᠡᠰᠡᠨ ᠰᠡᠩᠭᠦᠮ ᠵᠠᠮᠤᠬ᠎ᠠ ᠬᠣᠶᠠᠷ ᠤ᠋ᠨ ᠰᠠᠨᠠᠭ᠎ᠠ ᠶ᠋ᠢ ᠡᠴᠦᠰ ᠲᠡᠭᠡᠨ ᠵᠥᠪᠰᠢᠶᠡᠷᠡᠵᠦ ᠲᠡᠮᠦᠵᠢᠨ ᠡᠴᠡ ᠤᠷᠪᠠᠵᠠᠢ᠃ᠥᠪᠡᠷ ᠦ᠋ᠨ ᠲᠥᠷᠥᠭᠰᠡᠨ ᠳᠡᠭᠦᠦ ᠨᠠᠷ ᠲᠠᠢ ᠳᠠᠢᠰᠤᠩᠨᠠᠨ ᠡᠪᠳᠡᠷᠡᠭᠰᠡᠨ ᠡᠴᠡ ᠪᠣᠯᠵᠤ ᠲᠤᠭᠤᠷᠢᠯ ᠬᠣᠶᠠᠷ ᠴᠤ᠌ ᠤᠳᠠᠭ᠎ᠠ ᠠᠢᠮᠠᠭ ᠤᠯᠤᠰ ᠢ᠋ᠶ᠋ᠠᠨ ᠪᠦᠦ ᠬᠡᠯᠡ ᠠᠮᠢ ᠪᠠᠨ ᠠᠯᠳᠠᠬᠤ ᠳ᠋ᠤ᠌ ᠬᠦᠷᠴᠦ ᠪᠠᠢᠭᠰᠠᠨ ᠪᠥᠭᠡᠳ ᠶᠠᠭ ᠡᠢᠮᠦ ᠦᠶ᠎ᠡ ᠳ᠋ᠦ᠍ᠨᠢ ᠬᠤᠪᠢ ᠵᠠᠶᠠᠭᠠᠨ ᠤ᠋ ᠡᠷᠬᠡᠰᠢᠶᠡᠯ ᠢ᠋ᠶ᠋ᠡᠷ ᠡᠬᠢᠨ ᠦ᠌ ᠤᠳᠠᠭ᠎ᠠ ᠶᠢᠰᠦᠭᠡᠢ᠂ ᠳᠠᠷᠠᠭ᠎ᠠ ᠨᠢ ᠲᠡᠮᠦᠵᠢᠨ ᠲᠡᠭᠦᠨ ᠳ᠋ᠦ᠍ ᠰᠠᠢᠬᠠᠨ ᠰᠡᠳᠬᠢᠯ ᠢ᠋ᠶ᠋ᠡᠷ ᠲᠤᠰᠠᠯᠠᠨ ᠠᠯᠳᠠᠭᠰᠠᠨ ᠠᠢᠮᠠᠭ ᠢ᠋ ᠨᠢ ᠡᠷᠭᠢᠭᠦᠯᠦᠨ ᠠᠪᠴᠤ ᠥᠭᠭᠦᠭᠰᠡᠨ ᠢ᠋ ᠲᠡᠷᠡ ᠮᠠᠷᠲᠠᠬᠤ ᠡᠷᠬᠡ ᠦᠭᠡᠢ ᠬᠥᠮᠦᠨ ᠪᠣᠯᠪᠠᠴᠤ ᠲᠡᠭᠦᠨ ᠳ᠋ᠦ᠍ ᠥᠭᠡᠷ᠎ᠡ ᠠᠷᠭ᠎ᠠ ᠦᠯᠡᠳᠡᠭᠰᠡᠨ ᠦᠭᠡᠢ᠃
ᠡᠨᠡ ᠤᠳᠠᠭ᠎ᠠ ᠲᠡᠮᠦᠵᠢᠨ ᠢ᠋ ᠭᠠᠷᠴᠠᠭ᠎ᠠ ᠦᠭᠡᠢ ᠦᠬᠦᠯ ᠡᠴᠡ ᠬᠡᠨ ᠴᠦ᠍ ᠠᠪᠤᠷᠠᠵᠤ ᠵᠠᠢᠯᠠᠭᠤᠯᠵᠤ ᠴᠢᠳᠠᠬᠤ ᠦᠭᠡᠢ ᠮᠡᠲᠦ ᠪᠠᠢᠯ᠎ᠠ᠃ᠲᠡᠮᠦᠵᠢᠨ ᠵᠥᠴᠢ ᠬᠥᠪᠡᠭᠦᠨ ᠳ᠋ᠡᠭᠡᠨ ᠰᠡᠩᠭᠦᠮ ᠦ᠋ᠨ ᠳᠡᠭᠦᠦ ᠴᠠᠭᠤᠷᠪᠡᠬᠢ ᠶ᠋ᠢ ᠡᠬᠡᠨᠡᠷ ᠪᠣᠯᠭᠠᠬᠤ ᠪᠠᠷ ᠭᠤᠶᠤᠭᠰᠠᠨ ᠳ᠋ᠤ᠌ ᠡᠬᠢᠯᠡᠭᠡᠳ ᠶᠡᠬᠡᠮᠰᠦᠭᠯᠡᠨ ᠴᠠᠭᠠᠷᠢᠭᠯᠠᠵᠤ ᠪᠠᠢᠭᠰᠠᠨ ᠰᠡᠩᠭᠦᠮ ᠭᠡᠨᠡᠳᠲᠡ ᠵᠥᠪᠰᠢᠶᠡᠷᠡᠨ ᠰᠦᠢ ᠲᠠᠯᠪᠢᠬᠤ ᠪᠠᠷ ᠤᠷᠢᠭᠰᠠᠨ ᠳ᠋ᠤ᠌ ᠲᠡᠮᠦᠵᠢᠨ ᠴᠥᠭᠡᠨ ᠴᠡᠷᠢᠭ ᠢ᠋ᠶ᠋ᠡᠨ ᠠᠪᠴᠤ ᠮᠣᠷᠳᠠᠪᠠ᠃ᠲᠡᠨᠳᠡ ᠲᠡᠮᠦᠵᠢᠨ ᠢ᠋ ᠣᠴᠢᠮᠠᠭᠴᠠ ᠪᠠᠷᠢᠵᠤ ᠠᠯᠠᠬᠤ ᠪᠠᠷ ᠵᠠᠮᠤᠬ᠎ᠠ᠂ ᠰᠡᠩᠭᠦᠮ ᠨᠠᠷ ᠲᠣᠬᠢᠷᠠᠭᠠᠳ ᠬᠦᠯᠢᠶᠡᠵᠦ ᠪᠠᠢᠪᠠ᠃ᠭᠡᠪᠡᠴᠦ ᠡᠨᠡ ᠤᠳᠠᠭ᠎ᠠ ᠳᠠᠬᠢᠭᠠᠳ ᠲᠩᠷᠢ ᠢᠪᠡᠭᠡᠵᠦ ᠲᠡᠮᠦᠵᠢᠨ ᠢ᠋ ᠦᠬᠦᠯ ᠲᠣᠭᠣᠷᠢᠨ ᠭᠠᠷᠴᠠᠢ᠃ᠰᠡᠩᠭᠦᠮ ᠦ᠋ᠨ ᠬᠦᠷᠢᠶᠡᠨ ᠳ᠋ᠦ᠍ ᠬᠦᠷᠬᠦ ᠵᠠᠮ ᠳ᠋ᠤ᠌ ᠮᠡᠩᠯᠢᠭ ᠦ᠋ᠨ ᠳ᠋ᠦ᠍ ᠬᠣᠨᠣᠵᠤ ᠲᠠᠭᠠᠷᠠᠭᠰᠠᠨ ᠨᠢ ᠴᠣᠬᠣᠮ ᠳ᠋ᠠᠭᠠᠨ ᠰᠠᠢᠨ ᠰᠡᠳᠬᠢᠯ ᠦ᠋ᠨ ᠦᠷ᠎ᠡ ᠭᠡᠬᠦ ᠡᠴᠡ ᠥᠭᠡᠷ᠎ᠡ ᠠᠷᠭ᠎ᠠ ᠦᠭᠡᠢ ᠶᠠᠪᠤᠳᠠᠯ ᠪᠠᠢᠯ᠎ᠠ᠃ᠮᠡᠩᠯᠢᠭ ᠲᠡᠷᠡ ᠰᠥᠨᠢ ᠡᠴᠢᠭᠡ ᠬᠥᠮᠦᠨ ᠬᠦᠦ ᠪᠡᠨ ᠰᠤᠷᠭᠠᠬᠤ ᠠᠳᠠᠯᠢ ᠰᠠᠨᠠᠭ᠎ᠠ ᠰᠡᠳᠬᠢᠯ ᠲᠦᠭᠰᠢᠨ
— ᠲᠡᠮᠦᠵᠢᠨ ᠬᠦᠦ ᠮᠢᠨᠢ ᠰᠣᠨᠣᠰ᠃ᠴᠢ ᠰᠡᠩᠭᠦᠮ ᠦ᠋ᠨ ᠬᠡᠯᠡᠵᠦ ᠪᠠᠢᠭᠰᠠᠨ ᠦᠭᠡ ᠶ᠋ᠢ ᠮᠠᠷᠲᠠᠪᠠ ᠤᠤ?《ᠬᠡᠷᠪᠡ ᠮᠢᠨᠦ ᠳᠡᠭᠦᠦ ᠲᠡᠮᠦᠵᠢᠨ ᠦ᠌ ᠳ᠋ᠦ᠍ ᠣᠴᠢᠪᠠᠯ ᠦᠷᠭᠦᠯᠵᠢ ᠬᠠᠲᠠᠪᠴᠢᠨ ᠳ᠋ᠤ᠌ ᠰᠠᠭᠤᠵᠤ ᠬᠣᠢᠮᠣᠷ ᠬᠠᠷᠠᠬᠤ ᠪᠣᠯᠤᠨ᠎ᠠ᠃ᠬᠠᠷᠢᠨ ᠲᠡᠮᠦᠵᠢᠨ ᠦ᠌ ᠬᠥᠪᠡᠭᠦᠨ ᠮᠠᠨ ᠤ᠋ ᠳ᠋ᠤ᠌ ᠢᠷᠡᠪᠡᠯ ᠲᠠᠩᠳᠠ ᠬᠣᠢᠮᠣᠷ ᠰᠠᠭᠤᠵᠤ ᠡᠭᠦᠳᠡ ᠬᠠᠷᠠᠬᠤ ᠪᠢᠰᠢ ᠤᠤ? ᠪᠢ ᠥᠪᠡᠷ ᠦ᠋ᠨ ᠤᠳᠤᠮ ᠢ᠋ ᠲᠡᠮᠦᠵᠢᠨ ᠳ᠋ᠦ᠍ ᠳᠠᠷᠤᠯᠠᠭᠳᠠᠬᠤ ᠶ᠋ᠢ ᠦᠯᠦ ᠬᠦᠰᠡᠨ᠎ᠡ》 ᠭᠡᠵᠦ ᠶᠡᠬᠡ ᠦᠭᠡ ᠬᠡᠯᠡᠵᠦ ᠪᠠᠢᠭᠰᠠᠨ ᠰᠡᠩᠭᠦᠮ ᠥᠨᠥ ᠪᠣᠯᠬᠣᠷ ᠶᠠᠭᠤ ᠪᠣᠯᠤᠭᠠᠳ《ᠰᠦᠢ ᠲᠠᠯᠪᠢᠶ᠎ᠠ᠂ ᠪᠠᠭᠠᠯᠵᠠᠭᠤᠷ ᠢᠳᠡ》 ᠭᠡᠵᠦ ᠤᠷᠢᠵᠤ ᠵᠠᠯᠠᠬᠤ ᠪᠣᠯᠪᠠ᠃ᠡᠢᠮᠦ ᠬᠡᠷᠡᠭ ᠢ᠋ ᠰᠡᠵᠢᠭᠯᠡᠬᠦ ᠦᠭᠡᠢ ᠪᠠᠢᠵᠤ ᠶᠠᠭᠠᠬᠢᠵᠤ ᠪᠣᠯᠬᠤ ᠪᠣᠢ ᠭᠡᠵᠦ ᠲᠤᠭᠤᠰᠢᠲᠠᠢ ᠪᠠᠷ ᠢᠳᠬᠠᠨ ᠬᠡᠯᠡᠭᠰᠡᠨ ᠢ᠋ ᠲᠡᠮᠦᠵᠢᠨ ᠤᠳᠠᠭᠠᠨ ᠪᠣᠳᠣᠵᠤ ᠰᠠᠭᠤᠪᠠ᠃ᠲᠡᠮᠦᠵᠢᠨ ᠳ᠋ᠦ᠍ ᠲᠤᠭᠤᠷᠢᠯ᠂ ᠰᠡᠩᠭᠦᠮ ᠬᠣᠶᠠᠷ ᠲᠠᠢ ᠳᠠᠢᠰᠤᠨ ᠪᠣᠯᠬᠤ ᠬᠦᠰᠡᠯ ᠣᠭᠲᠣ ᠦᠭᠡᠢ ᠪᠠᠢᠭᠰᠠᠨ ᠲᠤᠯᠠ ᠢᠩᠭᠢᠵᠦ ᠡᠷᠡᠭᠡᠯᠵᠡᠭᠰᠡᠨ ᠪᠢᠯᠡ᠃ᠲᠤᠭᠤᠷᠢᠯ ᠬᠠᠨ ᠲᠠᠢ ᠬᠣᠲᠠ ᠤᠷᠤᠭ ᠪᠣᠯᠤᠯᠴᠠᠪᠠᠯ ᠲᠡᠮᠦᠵᠢᠨ ᠤᠯᠠᠮ ᠯᠠ ᠬᠦᠴᠦᠷᠬᠡᠭ ᠪᠣᠯᠬᠤ ᠪᠢᠯᠡ᠃ᠲᠡᠢᠮᠦ ᠤᠴᠢᠷ ᠡᠴᠡ ᠢᠩᠭᠢᠵᠦ ᠬᠡᠳᠦ ᠶᠡᠬᠡ ᠪᠡᠷ ᠰᠡᠵᠢᠭᠯᠡᠬᠦ ᠨᠢ ᠰᠡᠩᠭᠦᠮ ᠢ᠋ ᠪᠦᠷ ᠢᠯᠡᠷᠬᠡᠢ ᠳᠠᠢᠰᠤᠩᠨᠠᠭᠤᠯᠬᠤ ᠪᠣᠢ ᠭᠡᠵᠦ ᠪᠠᠰᠠ ᠪᠣᠯᠭᠣᠮᠵᠢᠯᠠᠵᠤ ᠪᠠᠢᠵᠠᠢ᠃ᠲᠡᠮᠦᠵᠢᠨ ᠰᠥᠨᠢᠵᠢᠨ ᠪᠣᠳᠣᠵᠤ ᠬᠣᠨᠣᠭᠠᠳ ᠥᠷᠯᠥᠭᠡ ᠨᠢ ᠮᠡᠩᠯᠢᠭ ᠦ᠋ᠨ ᠬᠡᠯᠡᠭᠰᠡᠨ ᠢ᠋ᠶ᠋ᠡᠷ《ᠣᠳᠣ ᠬᠠᠪᠤᠷ ᠪᠣᠯᠵᠤ ᠠᠭᠲᠠ ᠲᠤᠷᠠᠩᠬᠠᠢ ᠪᠠᠢᠨ᠎ᠠ᠃ᠨᠠᠮᠤᠷ ᠣᠴᠢᠶ᠎ᠠ》 ᠭᠡᠵᠦ ᠬᠡᠯᠡᠭᠦᠯᠬᠦ ᠪᠡᠷ ᠪᠤᠬᠠᠨᠳᠠᠢ᠂ ᠭᠢᠷᠡᠳᠠᠢ ᠬᠣᠶᠠᠷ ᠢ᠋ ᠶᠠᠪᠤᠭᠤᠯᠤᠭᠠᠳ ᠥᠪᠡᠷ ᠢ᠋ᠶ᠋ᠡᠨ ᠭᠡᠳᠡᠷᠭᠦ ᠪᠡᠨ ᠪᠤᠴᠠᠵᠠᠢ᠃ᠲᠡᠮᠦᠵᠢᠨ ᠵᠠᠮ ᠡᠴᠡ ᠪᠡᠨ ᠭᠡᠨᠡᠳᠲᠡ ᠪᠤᠴᠠᠭᠰᠠᠨ ᠨᠢ ᠵᠠᠮᠤᠬ᠎ᠠ ᠶ᠋ᠢ ᠶᠠᠭᠤ ᠶᠠᠭᠤᠨ ᠡᠴᠡ ᠢᠯᠡᠭᠦᠦ ᠠᠶᠤᠯᠭᠠᠵᠤ ᠬᠠᠷᠢᠨ ᠲᠣᠭᠣᠷᠢᠯ ᠪᠦᠷ ᠰᠠᠯᠭᠠᠨᠠᠨ ᠴᠡᠴᠡᠷᠡᠵᠦ
— ᠲᠠ ᠨᠠᠷ ᠨᠠᠮᠠᠶ᠋ᠢ ᠲᠡᠮᠦᠵᠢᠨ ᠬᠥᠪᠡᠭᠦᠨ ᠲᠡᠢ ᠮᠢᠨᠢ ᠨᠢᠭᠡᠮᠦᠰᠦᠨ ᠡᠪᠳᠡᠷᠡᠯᠴᠡᠭᠦᠯᠪᠡ᠃ᠬᠡᠷᠡᠭ ᠨᠢᠭᠡᠨᠲᠡ ᠡᠢᠮᠦ ᠳᠡᠭᠡᠷ᠎ᠡ ᠪᠡᠨ ᠲᠤᠯᠤᠭᠰᠠᠨ ᠪᠣᠯᠬᠣᠷ ᠲᠡᠮᠦᠵᠢᠨ ᠳ᠋ᠦ᠍ ᠠᠮᠤᠰᠬᠢᠬᠦ ᠮᠥᠴᠡ ᠪᠦᠦ ᠣᠯᠭᠣ᠃ᠮᠠᠷᠭᠠᠰᠢ ᠳᠠᠷᠤᠢ ᠴᠡᠷᠢᠭ ᠢ᠋ᠶ᠋ᠡᠨ ᠬᠥᠳᠡᠯᠭᠡᠨ ᠲᠡᠭᠦᠨ ᠢ᠋ ᠪᠠᠷᠢᠭᠲᠤᠨ ᠭᠡᠵᠦ ᠪᠣᠬᠢᠮᠲᠤᠨ ᠬᠠᠰᠬᠢᠷᠴᠠᠢ᠃ᠲᠤᠭᠤᠷᠢᠯ ᠳ᠋ᠤ᠌ ᠲᠡᠮᠦᠵᠢᠨ ᠡᠴᠡ ᠤᠷᠪᠠᠬᠤ ᠬᠡᠴᠢᠨᠡᠨ ᠬᠡᠴᠡᠭᠦᠦ ᠪᠣᠯᠬᠤ ᠶ᠋ᠢ ᠭᠠᠭᠴᠠ ᠲᠡᠷᠡ ᠥᠪᠡᠷ ᠢ᠋ᠶ᠋ᠡᠨ ᠯᠡ ᠮᠡᠳᠡᠬᠦ ᠪᠢᠯᠡ᠃ᠲᠤᠭᠤᠷᠢᠯ ᠤ᠋ᠨ ᠬᠦᠷᠢᠶᠡᠨ ᠳ᠋ᠦ᠍ ᠪᠠᠢᠭᠰᠠᠨ ᠲᠡᠮᠦᠵᠢᠨ ᠦ᠌ ᠲᠠᠩᠨᠠᠭᠤᠯ ᠰᠡᠩᠭᠦᠮ᠂ ᠵᠠᠮᠤᠬ᠎ᠠ ᠨᠠᠷ ᠤ᠋ᠨ ᠨᠢᠭᠤᠴᠠ ᠬᠤᠤᠪᠢᠯᠳᠤᠭᠠᠨ ᠢ᠋ ᠢᠯᠡᠴᠢᠯᠡᠨ ᠶᠠᠭᠠᠷᠠᠪᠴᠢᠯᠠᠨ ᠬᠡᠯᠡ ᠬᠦᠷᠭᠡᠭᠰᠡᠨ ᠨᠢ ᠲᠤᠭᠤᠷᠢᠯ᠂ ᠲᠡᠮᠦᠵᠢᠨ ᠬᠣᠶᠠᠷ ᠤ᠋ᠨ ᠡᠴᠢᠭᠡ ᠬᠦᠦ ᠶ᠋ᠢᠨ ᠬᠠᠭᠤᠷᠮᠠᠭᠴᠢ᠂ ᠶᠣᠰᠣ ᠲᠡᠳᠦᠢ ᠬᠣᠯᠪᠣᠭ᠎ᠠ ᠶ᠋ᠢ ᠨᠢᠭᠡᠨᠲᠡ ᠡᠪᠳᠡᠨ ᠬᠠᠶᠠᠵᠠᠢ᠃ᠬᠡᠳᠦᠢ ᠪᠡᠷ ᠲᠡᠳᠡᠨ ᠦ᠌ ᠳᠠᠯᠳᠠ ᠬᠤᠤᠪᠢᠯᠳᠤᠭᠠᠨ ᠢ᠋ ᠥᠷᠯᠥᠭᠡ ᠪᠣᠯᠬᠤ ᠡᠴᠡ ᠡᠮᠦᠨ᠎ᠡ ᠲᠡᠮᠦᠵᠢᠨ ᠮᠡᠳᠡᠭᠰᠡᠨ ᠴᠦ᠍ ᠨᠥᠮᠥᠷᠦᠨ ᠢᠷᠡᠬᠦ ᠠᠶᠤᠯ ᠡᠴᠡ ᠮᠤᠯᠲᠤᠷᠠᠨ ᠭᠠᠷᠴᠤ ᠴᠢᠳᠠᠭᠰᠠᠨ ᠦᠭᠡᠢ᠃ᠬᠡᠳᠦᠬᠡᠨ ᠵᠢᠯ ᠦ᠋ᠨ ᠡᠮᠦᠨ᠎ᠡ ᠲᠡᠮᠦᠵᠢᠨ ᠲᠤᠭᠤᠷᠢᠯ ᠬᠣᠶᠠᠷ ᠤ᠋ᠨ ᠴᠡᠷᠢᠭ ᠲᠦ᠍ ᠵᠠᠮᠤᠬ᠎ᠠ ᠴᠣᠬᠢᠭᠳᠠᠭᠰᠠᠨ ᠪᠣᠯ ᠣᠳᠣ ᠲᠡᠷᠡ ᠲᠣᠭᠣᠷᠢᠯ ᠲᠠᠢ ᠨᠡᠢᠯᠡᠭᠡᠳ ᠲᠡᠮᠦᠵᠢᠨ ᠢ᠋ ᠭᠡᠨᠡᠨ ᠠᠯᠳᠠᠭᠤᠯᠤᠨ ᠳᠠᠭᠠᠷᠢᠵᠠᠢ᠃ᠦᠨᠡᠨᠴᠢ ᠨᠥᠬᠥᠷ ᠭᠡᠵᠦ ᠳᠠᠩᠴᠤ ᠦᠭᠡᠢ ᠶ᠋ᠢ ᠡᠨᠡ ᠳᠣᠯᠣᠭᠠᠨ ᠦᠵᠡᠭᠦᠯᠦᠭᠰᠡᠨ ᠪᠢᠯᠡ᠃ᠲᠡᠮᠦᠵᠢᠨ ᠳᠡᠢᠯᠦᠭᠳᠡᠨ ᠵᠢᠭᠤᠲᠠᠭᠠᠵᠤ ᠬᠠᠰᠠᠷ ᠣᠯᠵᠠᠯᠠᠭᠳᠠᠪᠠ᠃ᠪᠦᠲᠦᠯ ᠮᠠᠭᠤᠲᠠᠢ ᠰᠡᠩᠭᠦᠮ ᠰᠢᠷᠬᠠᠲᠤᠨ ᠡᠭᠦᠨ ᠡᠴᠡ ᠪᠣᠯᠵᠤ ᠲᠣᠭᠣᠷᠢᠯ ᠴᠡᠷᠢᠭ ᠢ᠋ᠶ᠋ᠡᠨ ᠵᠣᠭᠰᠣᠭᠠᠭᠰᠠᠨ ᠨᠢ ᠠᠵᠠ ᠪᠣᠯᠵᠤ ᠲᠡᠮᠦᠵᠢᠨ ᠢ᠋ ᠵᠢᠭᠤᠲᠠᠭᠠᠯᠭᠠᠨ ᠠᠯᠳᠠᠬᠤ ᠳ᠋ᠤ᠌ ᠬᠦᠷᠭᠡᠪᠡ᠃ᠴᠥᠭᠡᠨ ᠬᠡᠳᠦᠨ ᠴᠡᠷᠢᠭ ᠡᠴᠡ ᠥᠭᠡᠷ᠎ᠡ ᠶᠠᠭᠤ ᠴᠤ᠌ ᠦᠭᠡᠢ ᠬᠣᠴᠣᠷᠤᠭᠰᠠᠨ ᠲᠡᠮᠦᠵᠢᠨ ᠢ᠋ ᠰᠤᠯᠠ ᠣᠷᠬᠢᠭᠰᠠᠨ ᠨᠢ ᠶᠠᠭᠤᠨ ᠳ᠋ᠤ᠌ ᠬᠦᠷᠭᠡᠬᠦ ᠶ᠋ᠢ ᠲᠡᠭᠡᠬᠦ ᠳ᠋ᠦ᠍ ᠬᠡᠨ ᠴᠦ᠍ ᠳᠠᠭᠠᠭ᠎ᠠ ᠦᠭᠡᠢ ᠪᠢᠯᠡ᠃ᠭᠡᠲᠡᠯ᠎ᠡ ᠲᠡᠮᠦᠵᠢᠨ ᠦ᠌ ᠬᠠᠷᠢᠭᠤ ᠳᠠᠩᠴᠤ ᠰᠠᠨᠠᠮᠰᠠᠷ ᠦᠭᠡᠢ ᠪᠠᠢᠪᠠ᠃ᠬᠡᠳᠦᠨ ᠰᠠᠷ᠎ᠠ ᠶ᠋ᠢᠨ ᠲᠤᠷᠰᠢ ᠶᠡᠬᠡ ᠲᠠᠯ᠎ᠠ ᠶ᠋ᠢᠨ ᠭᠦᠨ ᠳ᠋ᠦ᠍ ᠦᠬᠦᠭᠰᠡᠨ ᠠᠮᠢᠳᠤ ᠨᠢ ᠮᠡᠳᠡᠭᠳᠡᠬᠦ ᠦᠭᠡᠢ ᠰᠤᠷᠠᠭ ᠠᠯᠳᠠᠷᠠᠭᠠᠳ ᠪᠠᠢᠭᠰᠠᠨ ᠲᠡᠮᠦᠵᠢᠨ ᠬᠡᠷᠡᠭ ᠦ᠋ᠨ ᠡᠵᠡᠨ ᠵᠠᠮᠤᠬ᠎ᠠ ᠶ᠋ᠢ ᠪᠢᠰᠢ ᠬᠠᠷᠢᠨ ᠰᠠᠨᠠᠭᠠᠨ ᠳ᠋ᠤ᠌ ᠦᠭᠡᠢ ᠪᠠᠢᠭᠰᠠᠨ ᠲᠤᠭᠤᠷᠢᠯ ᠤ᠋ᠨ ᠬᠦᠷᠢᠶ᠎ᠡ ᠶ᠋ᠢ ᠭᠡᠨᠡᠳᠲᠡ ᠳᠣᠪᠲᠣᠯᠤᠭᠰᠠᠨ ᠨᠢ ᠬᠡᠨ ᠦ᠌ ᠴᠦ᠍ ᠰᠠᠨᠠᠭᠠᠨ ᠳ᠋ᠤ᠌ ᠣᠷᠣᠮ᠎ᠠ ᠦᠭᠡᠢ ᠳᠡᠩᠳᠡᠭᠦᠦ ᠭᠡᠨᠡᠳᠲᠡ ᠶ᠋ᠢᠨ ᠶᠠᠪᠤᠳᠠᠯ ᠪᠠᠢᠯ᠎ᠠ᠃
ᠲᠤᠭᠤᠷᠢᠯ ᠪᠣᠯ ᠵᠠᠮᠤᠬ᠎ᠠ ᠶ᠋ᠢᠨ ᠭᠣᠣᠯ ᠨᠠᠢᠳᠠᠪᠤᠷᠢ ᠢᠲᠡᠭᠡᠯ ᠪᠠᠢᠭᠰᠠᠨ ᠶᠤᠮ᠃ᠲᠡᠮᠦᠵᠢᠨ ᠴᠦ᠍ ᠡᠭᠦᠨ ᠢ᠋ ᠮᠡᠳᠡᠵᠦ ᠪᠠᠢᠪᠠ᠃ᠮᠢᠩᠭ᠎ᠠ ᠰᠢᠬᠠᠮ ᠪᠠᠷ᠎ᠠ ᠶ᠋ᠢᠨ ᠬᠣᠯᠠ ᠳ᠋ᠤ᠌ ᠬᠠᠯᠬ᠎ᠠ ᠭᠣᠣᠯ ᠤ᠋ᠨ ᠣᠷᠴᠢᠮ ᠪᠠᠢᠭᠰᠠᠨ ᠲᠡᠮᠦᠵᠢᠨ ᠥᠪᠡᠷ ᠲᠦ᠍ ᠦᠯᠡᠳᠡᠭᠰᠡᠨ ᠴᠥᠭᠡᠨ ᠴᠡᠷᠢᠭ ᠢ᠋ ᠬᠥᠲᠥᠯᠦᠭᠡ ᠮᠣᠷᠢ ᠰᠡᠯᠭᠦᠨ ᠵᠣᠭᠰᠣᠯ ᠦᠭᠡᠢ ᠳᠣᠪᠲᠣᠯᠭᠠᠵᠤ ᠬᠣᠶᠠᠷ ᠡᠳᠦᠷ ᠦ᠋ᠨ ᠳᠠᠷᠠᠭ᠎ᠠ ᠭᠡᠨ᠎ᠡ ᠦᠭᠡᠢ ᠨᠠᠢᠷᠯᠠᠨ ᠪᠠᠢᠭᠰᠠᠨ ᠲᠤᠭᠤᠷᠢᠯ ᠤ᠋ᠨ ᠬᠦᠷᠢᠶ᠎ᠡ ᠶ᠋ᠢ ᠭᠡᠨᠡᠳᠲᠡ ᠳᠠᠭᠠᠷᠢᠵᠤ ᠰᠥᠨᠥᠭᠡᠭᠰᠡᠨ ᠨᠢ ᠲᠡᠭᠦᠨ ᠦ᠌ ᠶᠠᠮᠠᠷ ᠬᠦ᠌ ᠠᠷᠭ᠎ᠠ ᠤᠪ᠂ ᠠᠯᠤᠰ ᠤ᠋ᠨ ᠤᠬᠠᠭᠠᠨ ᠲᠠᠢ᠂ ᠠᠶᠤᠮᠰᠢᠭᠲᠠᠢ ᠳᠠᠢᠰᠤᠨ ᠪᠣᠯᠬᠤ ᠶ᠋ᠢ ᠬᠡᠵᠢᠶ᠎ᠡ ᠴᠦ᠍ ᠮᠠᠷᠲᠠᠮ᠎ᠠ ᠦᠭᠡᠢ ᠪᠡᠷ ᠨᠤᠲᠠᠯᠠᠭᠰᠠᠨ ᠶᠠᠪᠤᠳᠠᠯ ᠪᠣᠯᠵᠠᠢ᠃ᠡᠨᠡ ᠪᠣᠯ ᠲᠡᠮᠦᠵᠢᠨ ᠦ᠌ ᠬᠤᠪᠢ ᠳ᠋ᠤ᠌ ᠦᠬᠦᠬᠦ ᠰᠡᠬᠡᠬᠦ ᠪᠡᠨ ᠦᠵᠡᠭᠰᠡᠨ ᠡᠴᠦᠰ ᠦ᠋ᠨ ᠳᠣᠯᠣᠭᠠᠨ᠂ ᠬᠠᠷᠢᠨ ᠲᠣᠭᠣᠷᠢᠯ᠂ ᠵᠠᠮᠤᠬ᠎ᠠ ᠬᠣᠶᠠᠷ ᠤ᠋ᠨ ᠮᠥᠬᠥᠯ ᠦ᠋ᠨ ᠡᠬᠢᠯᠡᠯ ᠪᠠᠢᠪᠠ᠃ᠵᠠᠮᠤᠬ᠎ᠠ ᠦᠯᠡᠳᠡᠭᠰᠡᠨ ᠴᠡᠷᠢᠭ ᠦ᠋ᠨ ᠬᠠᠮᠲᠤ ᠨᠠᠢ᠍ᠮᠠᠨ ᠠᠢᠮᠠᠭ ᠤ᠋ᠨ ᠳᠠᠶᠠᠨ ᠬᠠᠨ ᠢ᠋ ᠪᠠᠷᠠᠳᠠᠬᠤ ᠡᠴᠡ ᠥᠭᠡᠷ᠎ᠡ ᠵᠠᠮ ᠲᠡᠭᠦᠨ ᠳ᠋ᠦ᠍ ᠦᠯᠡᠳᠡᠭᠰᠡᠨ ᠦᠭᠡᠢ᠃ᠬᠡᠷᠦᠯᠦᠨ᠂ ᠤᠨᠤᠨ᠂ ᠲᠤᠤᠯᠠ᠂ ᠰᠡᠯᠡᠩᠭᠡ᠂ ᠣᠷᠬᠣᠨ ᠭᠣᠣᠯ ᠤ᠋ᠨ ᠮᠣᠩᠭᠣᠯ ᠨᠤᠲᠤᠭ ᠣᠳᠣ ᠪᠦᠭᠦᠳᠡ ᠲᠡᠮᠦᠵᠢᠨ ᠦ᠌ ᠮᠠᠲᠠᠯ ᠳ᠋ᠤ᠌ ᠣᠴᠢᠵᠠᠢ᠃ᠲᠣᠭᠣᠷᠢᠯ ᠬᠠᠨ ᠵᠣᠢᠭᠤᠯ ᠬᠤᠯᠠᠭᠠᠢᠴᠢ ᠰᠢᠭ᠋ ᠨᠡᠷ᠎ᠡ ᠲᠥᠷᠥ ᠦᠭᠡᠢ ᠵᠠᠮ ᠤ᠋ᠨ ᠭᠦᠨ ᠳ᠋ᠦ᠍ ᠠᠯᠠᠭᠳᠠᠵᠤ᠂ ᠲᠡᠭᠦᠨ ᠲᠡᠢ ᠬᠠᠮᠲᠤ ᠪᠠᠢᠭᠰᠠᠨ ᠮᠡᠷᠭᠢᠳ ᠦ᠋ᠨ ᠲᠣᠭᠲᠠᠭ᠎ᠠ ᠪᠡᠬᠢ ᠶ᠋ᠢᠨ ᠬᠥᠪᠡᠭᠦᠳ ᠴᠦ᠍ ᠵᠢᠭᠤᠲᠠᠵᠤ ᠣᠳᠪᠠ᠃ᠣᠳᠣ ᠡᠨᠳᠡ ᠵᠠᠮᠤᠬ᠎ᠠ ᠳᠠᠶᠠᠨ ᠬᠠᠭᠠᠨ ᠤ᠋ ᠴᠡᠷᠢᠭ ᠦ᠋ᠨ ᠵᠠᠬ᠎ᠠ ᠳ᠋ᠤ᠌ ᠲᠣᠯᠣᠭᠠᠢ ᠬᠣᠷᠭᠣᠳᠠᠨ ᠲᠡᠮᠦᠵᠢᠨ ᠦ᠌ ᠬᠡᠵᠢᠶ᠎ᠡ ᠨᠡᠬᠡᠨ ᠢᠷᠡᠬᠦ ᠶ᠋ᠢ ᠬᠦᠯᠢᠶᠡᠨ ᠬᠡᠪᠲᠡᠵᠦ ᠪᠠᠢᠭ᠎ᠠ ᠨᠢ ᠡᠨᠡ᠃ᠲᠠᠯ᠎ᠠ ᠨᠤᠲᠤᠭ ᠤ᠋ᠨ ᠣᠯᠠᠨ ᠠᠢᠮᠠᠭ ᠢ᠋ ᠳᠠᠭᠠᠭᠤᠯᠵᠤ᠂ ᠨᠢᠭᠡᠳᠦᠭᠰᠡᠨ ᠶᠡᠬᠡ ᠴᠡᠷᠢᠭ ᠲᠡᠢ ᠪᠣᠯᠤᠭᠰᠠᠨ ᠲᠡᠮᠦᠵᠢᠨ ᠢ᠋ ᠳᠡᠢᠯᠬᠦ ᠬᠥᠭ ᠨᠢᠭᠡᠨᠲᠡ ᠥᠩᠭᠡᠷᠡᠭᠰᠡᠨ ᠢ᠋ ᠵᠠᠮᠤᠬ᠎ᠠ ᠣᠢᠯᠠᠭᠠᠵᠤ ᠪᠠᠢᠯ᠎ᠠ᠃ᠪᠠᠰᠠ ᠨᠠᠢ᠍ᠮᠠᠨ ᠤ᠋ ᠳᠠᠶᠠᠨ ᠬᠠᠨ ᠤᠭ ᠡᠴᠡ ᠴᠡᠷᠢᠭ ᠪᠠᠢᠯᠳᠤᠭᠠᠨ ᠤ᠋ ᠡᠷᠳᠡᠮ ᠳ᠋ᠦ᠍ ᠳᠤᠯᠢᠬᠠᠨ ᠲᠤᠯᠠ ᠣᠷᠬᠣᠨ ᠮᠥᠷᠡᠨ ᠦ᠌ ᠬᠥᠪᠡᠭᠦᠨ ᠳ᠋ᠦ᠍ ᠳᠡᠢᠯᠦᠭᠳᠡᠭᠡᠳ ᠨᠢᠭᠡᠨᠲᠡ ᠵᠢᠷᠦᠬᠡ ᠵᠣᠷᠢᠭ ᠮᠣᠬᠣᠵᠤ᠂ ᠰᠦᠷᠳᠡᠨ ᠠᠶᠤᠵᠤ ᠪᠠᠢᠭ᠎ᠠ ᠨᠢ ᠢᠯᠡᠳᠲᠡ ᠪᠠᠢᠪᠠ᠃
ᠲᠡᠮᠦᠵᠢᠨ ᠲᠡᠢ ᠬᠢᠭᠰᠡᠨ ᠢᠯᠡ ᠳᠠᠯᠳᠠ ᠳᠣᠯᠣᠭᠠᠨ ᠬᠣᠷᠢᠨ ᠵᠢᠯ ᠰᠢᠬᠠᠮ ᠦᠷᠭᠦᠯᠵᠢᠯᠡᠵᠦ ᠵᠠᠮᠤᠬ᠎ᠠ ᠶ᠋ᠢᠨ ᠢᠯᠠᠭᠳᠠᠯ ᠢ᠋ᠶ᠋ᠠᠷ ᠲᠡᠭᠦᠰᠴᠦ ᠪᠠᠢᠭ᠎ᠠ ᠨᠢ ᠳᠡᠭᠡᠷ᠎ᠡ ᠡᠴᠡ ᠯᠠᠪᠰᠠᠬᠤ ᠴᠠᠰᠤᠨ ᠤ᠋ ᠰᠢᠷᠬᠡᠭ ᠰᠢᠭ ᠲᠣᠳᠣ ᠦᠵᠡᠭᠳᠡᠨ᠎ᠡ᠃ᠲᠡᠭᠦᠨ ᠦ᠌ ᠢᠯᠠᠭᠳᠠᠭᠰᠠᠨ᠂ ᠥᠰᠢᠷᠡᠭᠰᠡᠨ ᠰᠡᠳᠬᠢᠯ ᠦ᠋ᠨ ᠲᠠᠢᠯᠤᠯ ᠪᠣᠯᠵᠤ ᠪᠥᠷᠲᠡ ᠵᠡᠭᠦᠳᠦᠨ ᠳ᠋ᠦ᠍ᠨᠢ ᠢᠷᠡᠵᠡᠢ ᠭᠡᠳᠡᠭ ᠢ᠋ ᠵᠠᠮᠤᠬ᠎ᠠ ᠣᠢᠯᠠᠭᠠᠪᠠ᠃ᠪᠥᠷᠲᠡ ᠶ᠋ᠢᠨ ᠬᠡᠯᠡᠭᠰᠡᠨ ᠦᠭᠡ ᠨᠢ ᠤᠭ ᠲᠠᠭᠠᠨ ᠲᠡᠭᠦᠨ ᠦ᠌ ᠬᠢ ᠴᠦ᠍ ᠪᠢᠰᠢ᠂ ᠲᠡᠮᠦᠵᠢᠨ ᠦ᠌ ᠢᠵᠠᠭᠤᠷ ᠰᠠᠨᠠᠭ᠎ᠠ ᠭᠡᠳᠡᠭ ᠢ᠋ ᠴᠦ᠍ ᠮᠡᠳᠡᠵᠦ ᠪᠠᠢᠪᠠ᠃ᠣᠳᠣ ᠲᠡᠮᠦᠵᠢᠨ ᠳ᠋ᠦ᠍ ᠪᠠᠭᠤᠵᠤ ᠥᠭᠴᠦ ᠣᠴᠢᠬᠤ ᠠᠪᠠᠰᠤ ᠵᠡᠭᠦᠳᠦᠨ ᠳ᠋ᠦ᠍ ᠪᠥᠷᠲᠡ ᠶ᠋ᠢᠨ ᠬᠡᠯᠡᠭᠰᠡᠨ ᠢ᠋ ᠰᠣᠨᠣᠰᠬᠤ ᠨᠢ ᠲᠣᠳᠣᠷᠬᠠᠢ᠃ᠭᠡᠪᠡᠴᠦ ᠲᠡᠮᠦᠵᠢᠨ ᠳ᠋ᠦ᠍ ᠳᠠᠭᠠᠵᠤ ᠣᠴᠢᠬᠤ ᠨᠢ ᠵᠠᠮᠤᠬ᠎ᠠ ᠶ᠋ᠢᠨ ᠬᠤᠪᠢ ᠳ᠋ᠤ᠌ ᠲᠤᠢᠯ ᠤ᠋ᠨ ᠭᠠᠰᠢᠭᠤᠨ ᠳᠣᠷᠣᠮᠵᠢᠯᠠᠯ ᠪᠢᠯᠡ᠃ᠣᠳᠣ ᠲᠡᠭᠦᠨ ᠦ᠌ ᠡᠮᠦᠨ᠎ᠡ ᠳᠠᠶᠠᠨ ᠬᠠᠭᠠᠨ ᠤ᠋ ᠴᠡᠷᠢᠭ ᠲᠡᠢ ᠨᠡᠢᠯᠡᠨ ᠡᠴᠦᠰ ᠢ᠋ᠶ᠋ᠡᠨ ᠬᠦᠷᠲᠡᠯ᠎ᠡ ᠦᠵᠡᠯᠴᠡᠬᠦ ᠡᠰᠡᠪᠡᠯ᠁《ᠪᠠᠢᠵᠠ᠂ ᠪᠠᠢᠵᠠ᠁ ᠰᠠᠢᠨ ᠪᠣᠳᠣᠶ᠎ᠠ》 ᠭᠡᠵᠦ ᠵᠠᠮᠤᠬ᠎ᠠ ᠥᠪᠡᠷ ᠲᠡᠭᠡᠨ ᠬᠡᠯᠡᠭᠰᠡᠭᠡᠷ ᠰᠠᠭᠤᠪᠠ᠃ᠲᠡᠭᠦᠨ ᠳ᠋ᠦ᠍ ᠶᠠᠭᠠᠷᠠᠤ ᠳᠣᠭᠳᠣᠯᠬᠤ ᠬᠡᠷᠡᠭ ᠦᠭᠡᠢ ᠪᠠᠢᠪᠠ᠃ᠤᠴᠢᠷ ᠨᠢ ᠲᠡᠭᠦᠨ ᠦ᠌ ᠠᠮᠢᠳᠤᠷᠠᠯ ᠤ᠋ᠨ ᠰᠡᠭᠦᠯ ᠦ᠋ᠨ ᠡᠳᠦᠷ ᠦ᠋ᠳ ᠥᠩᠭᠡᠷᠡᠵᠦ ᠪᠠᠢᠯ᠎ᠠ᠃ᠬᠠᠮᠢᠭ᠎ᠠ᠂ ᠬᠡᠵᠢᠶ᠎ᠡ᠂ ᠶᠠᠭᠤᠨ ᠳᠡᠭᠡᠷ᠎ᠡ ᠠᠯᠳᠠᠪᠠ ᠭᠡᠵᠦ ᠥᠩᠭᠡᠷᠡᠭᠰᠡᠨ ᠴᠦ᠍ ᠭᠡᠯᠡ ᠰᠢᠭᠦᠨ ᠲᠤᠩᠭᠠᠵᠤ ᠪᠣᠳᠣᠬᠤ ᠶ᠋ᠢ ᠬᠢᠴᠢᠶᠡᠨ᠎ᠡ᠃ᠦᠯᠡᠳᠡᠭᠡᠳ ᠪᠠᠢᠭ᠎ᠠ ᠴᠥᠭᠡᠬᠡᠨ ᠴᠦ᠍ ᠪᠣᠯᠪᠠ ᠬᠣᠨᠣᠭ ᠢ᠋ ᠤᠳᠬ᠎ᠠ ᠤᠴᠢᠷᠲᠠᠢ᠂ ᠥᠴᠦᠬᠡᠨ ᠴᠦ᠍ ᠪᠠᠢᠭ ᠵᠣᠷᠢᠯᠭ᠎ᠠ ᠲᠠᠢ ᠥᠩᠭᠡᠷᠡᠭᠡᠬᠦ ᠨᠢ ᠨᠡᠷ᠎ᠡ ᠲᠥᠷᠥ ᠶ᠋ᠢᠨ ᠬᠡᠷᠡᠭ ᠭᠡᠵᠦ ᠵᠠᠮᠤᠬ᠎ᠠ ᠦᠵᠡᠵᠡᠢ᠃
ᠲᠡᠮᠦᠵᠢᠨ ᠳ᠋ᠦ᠍ ᠨᠢᠭᠡᠳᠦᠭᠡ ᠦᠭᠡᠢ ᠦᠯᠡᠳᠡᠭᠰᠡᠨ ᠵᠡᠭᠦᠨ ᠵᠦᠭ ᠦ᠋ᠨ ᠠᠷᠪᠠᠨ ᠭᠤᠷᠪᠠᠨ ᠠᠢᠮᠠᠭ᠂ ᠣᠪᠣᠭ ᠤ᠋ᠨ ᠲᠣᠯᠣᠭᠠᠢᠯᠠᠭᠴᠢᠳ ᠡᠷᠭᠦᠨ᠎ᠡ ᠮᠥᠷᠡᠨ ᠦ᠌ ᠬᠥᠪᠡᠭᠡᠨ ᠳ᠋ᠦ᠍ ᠦᠭᠡᠰᠡᠨ ᠡᠪᠰᠡᠵᠦ ᠵᠠᠮᠤᠬ᠎ᠠ ᠶ᠋ᠢ ᠬᠥᠷ ᠬᠠᠭᠠᠨ ᠳ᠋ᠤ᠌ ᠡᠷᠭᠦᠮᠵᠢᠯᠡᠨ ᠲᠡᠮᠦᠵᠢᠨ ᠲᠡᠢ ᠪᠠᠢᠯᠳᠤᠬᠤ ᠦᠶ᠎ᠡ ᠳ᠋ᠦ᠍ ᠠᠯᠳᠠᠪᠠ ᠤᠤ? ᠲᠡᠷᠡ ᠪᠣᠯ ᠵᠠᠮᠤᠬ᠎ᠠ ᠶ᠋ᠢᠨ ᠭᠠᠷ ᠤ᠋ᠨ ᠳᠣᠣᠷ᠎ᠠ ᠬᠠᠮᠤᠭ ᠤ᠋ᠨ ᠣᠯᠠᠨ ᠴᠡᠷᠢᠭ ᠴᠤᠭᠯᠠᠭᠰᠠᠨ ᠦᠶ᠎ᠡ ᠪᠠᠢᠭᠰᠠᠨ ᠶᠤᠮ᠃ᠭᠡᠪᠡᠴᠦ ᠡᠨᠡ ᠦᠶ᠎ᠡ ᠳ᠋ᠦ᠍ ᠲᠡᠮᠦᠵᠢᠨ ᠲᠤᠭᠤᠷᠢᠯ ᠬᠠᠨ ᠲᠠᠢ ᠨᠡᠢᠯᠡᠭᠰᠡᠨ ᠪᠠᠢᠭᠰᠠᠨ ᠪᠥᠭᠡᠳ ᠬᠠᠷᠢᠨ ᠵᠠᠮᠤᠬ᠎ᠠ ᠲᠠᠢ ᠡᠪᠰᠡᠭᠰᠡᠨ ᠣᠯᠠᠨ ᠠᠢᠮᠠᠭ ᠤ᠋ᠨ ᠴᠡᠷᠢᠭ ᠴᠥᠮ ᠥᠪᠡᠷ ᠥᠪᠡᠷ ᠦ᠋ᠨ ᠡᠵᠡᠳ ᠦ᠋ᠨ ᠳᠤᠷ᠎ᠠ ᠬᠦᠰᠡᠯ ᠢ᠋ᠶ᠋ᠡᠷ ᠲᠤᠯᠤᠯᠳᠤᠭᠰᠠᠨ ᠵᠡᠷᠭᠡ ᠨᠢ ᠢᠯᠠᠭᠳᠠᠯ ᠳ᠋ᠤ᠌ ᠬᠦᠷᠭᠡᠭᠰᠡᠨ ᠢ᠋ ᠲᠡᠷᠡ ᠣᠢᠯᠠᠭᠠᠵᠤ ᠪᠠᠢᠪᠠ᠃ᠲᠡᠳᠡ ᠥᠪᠡᠷ ᠢ᠋ ᠨᠢ ᠶᠣᠰᠣ ᠲᠡᠳᠦᠢ ᠯᠡ ᠬᠠᠭᠠᠨ ᠳ᠋ᠤ᠌ ᠡᠷᠭᠦᠮᠵᠢᠯᠡᠭᠰᠡᠨ ᠪᠣᠯᠬᠤ ᠶ᠋ᠢ ᠮᠡᠳᠡᠵᠦ ᠪᠠᠢᠭᠰᠠᠨ ᠴᠤ᠌ ᠲᠡᠮᠦᠵᠢᠨ ᠢ᠋ ᠢᠯᠠᠬᠤ ᠶ᠋ᠢᠨ ᠲᠤᠯᠠᠳᠠ ᠲᠡᠮᠦᠵᠢᠨ ᠳ᠋ᠦ᠍ ᠨᠢᠭᠡᠳᠬᠦ ᠡᠴᠡ ᠠᠶᠤᠵᠤ ᠪᠠᠢᠭᠰᠠᠨ ᠲᠡᠳᠡᠨ ᠦ᠌ ᠠᠢᠳᠠᠰᠤ ᠶ᠋ᠢ ᠲᠦᠷ ᠪᠣᠯᠪᠠᠴᠤ ᠠᠰᠢᠭᠯᠠᠬᠤ ᠪᠠᠷ ᠰᠢᠢᠳᠦᠭᠰᠡᠨ ᠪᠢᠯᠡ᠃ᠵᠠᠮᠤᠬ᠎ᠠ ᠶ᠋ᠢᠨ ᠴᠡᠷᠢᠭ ᠲᠡᠮᠦᠵᠢᠨ ᠦ᠌ ᠬᠦᠴᠦᠲᠡᠢ ᠳᠠᠭᠠᠷᠢᠯᠲᠠ ᠶ᠋ᠢ ᠳᠠᠰᠤᠯ ᠦᠭᠡᠢ ᠢᠯᠠᠭᠳᠠᠵᠤ ᠥᠨᠥ ᠣᠯᠠᠨ ᠠᠢᠮᠠᠭ ᠬᠦᠷᠢᠶᠡᠨ ᠦ᠌ ᠴᠡᠷᠢᠭ ᠦ᠋ᠳ ᠲᠤᠰ ᠲᠤᠰ ᠤ᠋ᠨ ᠨᠤᠲᠤᠭ ᠤ᠋ᠨ ᠵᠦᠭ ᠰᠡᠭᠦᠯ ᠬᠠᠪᠴᠢᠨ ᠵᠢᠭᠤᠲᠠᠭᠰᠠᠨ ᠢ᠋ᠶ᠋ᠠᠷ ᠲᠡᠭᠦᠨ ᠦ᠌ ᠬᠠᠭᠠᠨᠴᠢᠯᠠᠯ ᠲᠡᠭᠦᠰᠪᠡ᠃ᠣᠳᠣ ᠲᠡᠭᠦᠨ ᠳ᠋ᠦ᠍《 ᠬᠥᠷ ᠬᠠᠭᠠᠨ》 ᠭᠡᠮᠡᠨ ᠬᠣᠭᠣᠰᠣᠨ ᠴᠣᠯᠠ ᠯᠠ ᠦᠯᠡᠳᠡᠵᠡᠢ᠃ᠣᠳᠣ ᠲᠡᠭᠦᠨ ᠢ᠋ ᠭᠠᠭᠴᠠ ᠬᠠᠨᠲᠡᠮᠦᠷ ᠯᠡ《 ᠬᠥᠷ ᠬᠠᠭᠠᠨ》 ᠭᠡᠮᠡᠨ ᠬᠦᠨᠳᠦᠳᠬᠡᠨ ᠳᠠᠭᠤᠳᠠᠬᠤ ᠪᠥᠯᠥᠭᠡ᠃ᠬᠠᠨᠲᠡᠮᠦᠷ ᠦ᠋ᠨ ᠡᠢᠨ ᠳᠠᠭᠤᠳᠠᠬᠤ ᠨᠢ ᠬᠦᠨᠳᠦᠳᠬᠡᠬᠦ ᠭᠡᠰᠡᠨ ᠬᠡᠷᠡᠭ ᠪᠢᠰᠢ ᠵᠥᠪᠬᠡᠨ ᠢᠯᠠᠭᠳᠠᠵᠤ ᠭᠤᠳᠤᠷᠠᠭᠰᠠᠨ ᠡᠵᠡᠨ ᠢ᠋ᠶ᠋ᠡᠨ ᠵᠣᠷᠢᠭᠵᠢᠭᠤᠯᠬᠤ ᠶ᠋ᠢᠨ ᠲᠥᠯᠥᠭᠡ ᠶᠤᠮ᠃
ᠪᠣᠳᠣᠯ ᠳ᠋ᠤ᠌ ᠠᠪᠲᠠᠨ ᠬᠡᠪᠲᠡᠭᠰᠡᠨ ᠢ᠋ᠶ᠋ᠡᠨ ᠰᠡᠭᠡᠭᠡ ᠠᠪᠴᠤ ᠨᠢᠭᠡᠨᠲᠡ ᠬᠠᠷᠠᠪᠠᠯ ᠴᠠᠰᠤ ᠪᠣᠷᠣᠭ᠎ᠠ ᠬᠣᠯᠢᠯᠳᠤᠨ ᠣᠷᠣᠬᠤ ᠨᠢ ᠵᠣᠭᠰᠣᠵᠤ ᠨᠠᠮᠤᠷ ᠣᠷᠣᠢ ᠶ᠋ᠢᠨ ᠨᠠᠷᠠ ᠲᠤᠰᠴᠠᠢ᠃ᠬᠠᠨᠲᠠᠮᠤᠷ ᠳᠡᠷᠭᠡᠳᠡ ᠨᠢ ᠪᠠᠢᠭᠰᠠᠨ ᠦᠭᠡᠢ᠃ᠬᠠᠷᠢᠨ ᠲᠡᠭᠦᠨ ᠳ᠋ᠦ᠍ ᠦᠯᠡᠳᠡᠭᠰᠡᠨ ᠴᠥᠭᠡᠨ ᠴᠡᠷᠢᠭ ᠬᠣᠯᠠ ᠦᠭᠡᠢ ᠤᠲᠤᠭ᠎ᠠ ᠤᠤᠭᠢᠭᠤᠯᠵᠤ ᠬᠣᠭᠣᠯᠠ ᠬᠤᠰᠢ ᠡᠷᠭᠢᠯᠳᠦᠭᠦᠯᠬᠦ ᠠᠶᠠᠳᠠᠵᠤ ᠪᠠᠢᠯ᠎ᠠ᠃ᠡᠨᠡ ᠪᠣᠯ ᠲᠡᠭᠦᠨ ᠦ᠌ ᠰᠢᠯᠢᠮᠡᠯ ᠴᠡᠷᠢᠭ ᠦ᠋ᠨ ᠦᠯᠡᠳᠡᠭᠳᠡᠯ ᠶᠤᠮ᠃ᠵᠠᠮᠤᠬ᠎ᠠ ᠶ᠋ᠢᠨ ᠴᠡᠷᠢᠭ ᠠᠯᠠᠭᠤᠯᠬᠤ ᠨᠢ ᠠᠯᠠᠭᠤᠯᠵᠤ ᠠᠮᠢᠳᠤ ᠦᠯᠡᠳᠡᠭᠰᠡᠨ ᠨᠢ ᠲᠠᠷᠠᠵᠤ ᠵᠢᠭᠤᠲᠠᠭᠠᠳ ᠬᠠᠷᠢᠨ ᠠᠯᠪᠠᠲᠤ ᠢᠷᠭᠡᠳ ᠨᠢ ᠪᠦᠭᠦᠳᠡ ᠲᠡᠮᠦᠵᠢᠨ ᠦ᠌ ᠥᠮᠴᠢ ᠪᠣᠯᠵᠠᠢ᠃ᠣᠳᠣ ᠡᠨᠡ ᠨᠠᠢ᠍ᠮᠠᠨ ᠳᠠᠷᠤᠭᠳᠠᠪᠠᠯ ᠠᠯᠲᠠᠢ ᠨᠢᠷᠤᠭᠤ ᠡᠴᠡ ᠵᠡᠭᠦᠨ ᠲᠠᠢᠰᠢ ᠬᠢᠩᠭᠠᠨ ᠤ᠋ ᠨᠢᠷᠤᠭᠤ ᠬᠦᠷᠲᠡᠯᠡᠬᠢ᠂ ᠶᠡᠬᠡ ᠭᠣᠪᠢ ᠡᠴᠡ ᠬᠣᠢᠰᠢᠬᠢ ᠭᠠᠵᠠᠷ ᠨᠤᠲᠤᠭ ᠪᠦᠭᠦᠳᠡ ᠲᠡᠮᠦᠵᠢᠨ ᠦ᠌ ᠮᠠᠲᠠᠯ ᠳ᠋ᠤ᠌ ᠢᠷᠡᠨ᠎ᠡ ᠭᠡᠰᠡᠨ ᠦᠭᠡ᠃ᠡᠨᠡ ᠭᠠᠵᠠᠷ ᠲᠤ᠌ ᠲᠡᠮᠦᠵᠢᠨ ᠡᠴᠡ ᠥᠭᠡᠷ᠎ᠡ ᠬᠦᠴᠦᠷᠬᠡᠭ ᠬᠥᠮᠦᠨ ᠦᠭᠡᠢ ᠪᠣᠯᠪᠠ᠃ᠪᠦᠭᠦᠳᠡ ᠲᠡᠭᠦᠨ ᠳ᠋ᠦ᠍ ᠳᠡᠢᠯᠦᠭᠳᠡᠨ ᠰᠥᠨᠥᠵᠡᠢ᠃ᠣᠳᠣ ᠵᠠᠮᠤᠬ᠎ᠠ ᠶ᠋ᠢᠨ ᠡᠭᠡᠯᠵᠢ ᠨᠢᠭᠡᠨᠲᠡ ᠢᠷᠡᠪᠡ᠃ᠥᠪᠡᠷ ᠦ᠋ᠨ ᠬᠢᠨᠢ ᠭᠤᠨᠢᠭᠲᠤ ᠲᠡᠭᠦᠰᠬᠡᠯ ᠣᠢᠷᠠᠲᠤᠭᠰᠠᠨ ᠢ᠋ ᠮᠡᠳᠡᠷᠡᠬᠦ ᠪᠦᠷᠢ ᠨᠢᠭᠡᠨ ᠬᠠᠴᠢᠨ ᠡᠲᠡᠭᠡᠳ ᠪᠣᠳᠣᠯ ᠲᠥᠷᠥᠭᠡᠳ ᠪᠣᠯᠤᠭᠰᠠᠨ ᠦᠭᠡᠢ᠃ᠰᠠᠨᠠᠭᠠᠨ ᠳ᠋ᠤ᠌ ᠣᠷᠣᠬᠤ ᠪᠦᠷᠢ ᠬᠦᠴᠦ ᠪᠡᠷ ᠬᠥᠭᠡᠭᠡᠨ ᠭᠠᠷᠭᠠᠪᠠᠴᠤ ᠬᠤᠯᠠᠭᠠᠢᠴᠢ ᠨᠣᠬᠠᠢ ᠰᠢᠭ᠋ ᠨᠢᠭᠡ ᠯᠡ ᠮᠡᠳᠡᠬᠦ ᠳ᠋ᠦ᠍ ᠰᠡᠳᠬᠢᠯ ᠳ᠋ᠦ᠍ ᠰᠢᠷᠭᠤᠬᠤ᠂ ᠪᠦᠷ ᠭᠦᠨᠵᠡᠭᠡᠢᠷᠡᠨ ᠰᠢᠭᠢᠳᠬᠦ ᠡᠨᠡ ᠪᠣᠳᠣᠯ ᠪᠣᠯ《 ᠬᠡᠷᠬᠢᠨ ᠦᠬᠦᠬᠦ ᠪᠣᠢ?》 ᠭᠡᠰᠡᠨ ᠬᠠᠴᠢᠨ ᠠᠰᠠᠭᠤᠯᠲᠠ ᠪᠠᠢᠪᠠ᠃ᠭᠡᠪᠡᠴᠦ ᠣᠳᠣ ᠲᠡᠭᠦᠨ ᠳ᠋ᠦ᠍ ᠵᠥᠪᠯᠡᠵᠦ ᠬᠡᠯᠡᠬᠦ ᠰᠢᠳᠠᠷ᠂ ᠬᠠᠮᠵᠢᠵᠤ ᠲᠤᠰᠠᠯᠠᠬᠤ ᠠᠨᠳᠠ ᠨᠥᠬᠥᠳ ᠦᠭᠡᠢ ᠪᠣᠯᠵᠠᠢ᠃ᠥᠪᠡᠷ ᠦ᠋ᠨ ᠬᠠᠷ᠎ᠠ ᠲᠣᠯᠣᠭᠠᠢ᠂ ᠤᠬᠠᠭᠠᠨ ᠮᠠᠲᠠᠷᠠᠮᠵᠢ ᠳᠡᠬᠡᠨ ᠯᠠ ᠨᠠᠢᠳᠠᠬᠤ ᠦᠯᠡᠳᠡᠪᠡ᠃ᠵᠠᠮᠤᠬ᠎ᠠ ᠣᠳᠣ ᠥᠪᠡᠷ ᠦ᠋ᠨ ᠦᠬᠦᠯ ᠢ᠋ ᠲᠣᠳᠣ ᠬᠠᠷᠠᠵᠤ ᠪᠠᠢᠯ᠎ᠠ᠃
ᠲᠡᠨᠦᠭᠰᠡᠨ ᠵᠡᠷᠯᠢᠭ ᠰᠤᠮᠤᠨ ᠳ᠋ᠤ᠌ ᠥᠷᠲᠥᠵᠦ᠂ ᠡᠰᠡᠪᠡᠯ ᠬᠡᠨ ᠨᠢᠭᠡ ᠦᠯᠦ ᠲᠠᠨᠢᠬᠤ ᠴᠡᠷᠢᠭ ᠦ᠋ᠨ ᠰᠡᠯᠡᠮ᠎ᠡ ᠳ᠋ᠦ᠍ ᠠᠮᠢ ᠪᠠᠨ ᠥᠭᠬᠦ ᠶ᠋ᠢ ᠵᠠᠮᠤᠬ᠎ᠠ ᠦᠯᠦ ᠬᠦᠰᠡᠨ᠎ᠡ᠃ᠡᠨᠡ ᠦᠬᠦᠯ ᠲᠡᠭᠦᠨ ᠳ᠋ᠦ᠍ ᠳᠡᠩᠳᠡᠭᠦᠦ ᠠᠮᠠᠷ ᠬᠢᠯᠪᠠᠷ᠂ ᠦᠨ᠎ᠡ ᠦᠭᠡᠢ ᠬᠢᠮᠳᠠᠬᠠᠨ ᠰᠠᠨᠠᠭᠳᠠᠨ᠎ᠠ᠃ᠲᠡᠷᠡ ᠮᠣᠩᠭᠣᠯ ᠤ᠋ᠨ ᠲᠠᠯ᠎ᠠ ᠨᠤᠲᠤᠭ ᠲᠤ᠌ ᠳᠠᠭᠤᠷᠢᠰᠬᠤ ᠪᠠᠷ᠂ ᠬᠣᠵᠢᠮ ᠬᠣᠢᠨ᠎ᠠ ᠴᠤ᠌ ᠮᠠᠷᠲᠠᠭᠳᠠᠬᠤ ᠦᠭᠡᠢ ᠲᠡᠢᠮᠦ ᠦᠬᠦᠯ ᠢ᠋ ᠰᠣᠩᠭᠣᠬᠤ ᠶ᠋ᠢ ᠢᠯᠡᠭᠦᠦ ᠳ᠋ᠦ᠍ ᠦᠵᠡᠨ᠎ᠡ᠃ᠬᠡᠳᠦᠢ ᠠᠶᠤᠮᠰᠢᠭᠲᠠᠢ ᠴᠤ᠌ ᠪᠠᠬᠠᠷᠬᠠᠯᠲᠠᠢ᠂ ᠬᠣᠵᠢᠮ ᠬᠣᠢᠨ᠎ᠠ ᠳᠤᠷᠠᠰᠤᠭᠳᠠᠬᠤ ᠪᠠᠷ ᠦᠬᠦᠬᠦ ᠶ᠋ᠢ ᠲᠡᠷᠡ ᠬᠦᠰᠡᠵᠦ ᠪᠠᠢᠪᠠ᠃ᠭᠡᠲᠡᠯ᠎ᠡ ᠴᠠᠭ ᠨᠢ ᠪᠣᠯᠬᠣᠷ ᠦᠬᠦᠯ ᠲᠡᠢᠮᠦ ᠴᠦ᠍ ᠠᠮᠠᠷ ᠢᠷᠡᠬᠦ ᠦᠭᠡᠢ ᠪᠣᠯᠤᠯᠲᠠᠢ᠃
ᠤᠭ ᠨᠢ ᠴᠠᠭ ᠬᠤᠭᠤᠴᠠᠭ᠎ᠠ ᠶ᠋ᠢ ᠲᠣᠪᠴᠢᠯᠠᠨ ᠠᠮᠢᠳᠤᠷᠠᠯ ᠢ᠋ ᠳᠠᠭᠠᠵᠤ ᠮᠡᠳᠡᠳᠡᠭ ᠰᠠᠨ ᠪᠣᠯ ᠲᠡᠮᠦᠵᠢᠨ ᠢ᠋ ᠥᠨᠥᠴᠢᠨ ᠶᠠᠳᠠᠭᠤ ᠶᠠᠪᠤᠬᠤ ᠳ᠋ᠤᠨᠢ ᠯᠠ ᠳᠡᠭᠦᠦ ᠨᠠᠷ ᠲᠠᠢ ᠨᠢ ᠬᠠᠮᠲᠤ ᠬᠥᠨᠥᠭᠡᠬᠦ ᠪᠠᠢᠵᠠᠢ᠃ᠡᠩ ᠦ᠋ᠨ ᠪᠣᠯᠪᠠᠴᠤ ᠲᠤᠢᠯ ᠤ᠋ᠨ ᠦᠨᠡᠨ ᠵᠥᠪ ᠪᠠᠢᠭᠰᠠᠨ ᠡᠨᠡ ᠰᠠᠨᠠᠭ᠎ᠠ ᠶ᠋ᠢ ᠪᠡᠶᠡᠯᠡᠭᠦᠯᠬᠦ ᠳ᠋ᠦ᠍ ᠬᠠᠨᠲᠠᠮᠦᠷ ᠬᠡᠵᠢᠶᠡᠳᠡ ᠪᠡᠯᠡᠨ ᠪᠠᠢᠭᠰᠠᠨ ᠢ᠋ᠶ᠋ᠠᠷ ᠪᠠᠷᠠᠬᠤ ᠦᠭᠡᠢ ᠢᠩᠭᠢᠵᠦ ᠬᠢᠬᠦ ᠶ᠋ᠢ ᠴᠦ᠍ ᠣᠯᠠᠨ ᠤᠳᠠᠭ᠎ᠠ ᠰᠠᠨᠠᠭᠤᠯᠵᠤ ᠱᠠᠭᠠᠷᠳᠠᠭᠰᠠᠨ ᠶᠤᠮ᠃ᠪᠤᠷᠬᠠᠨ ᠬᠠᠯᠳᠤᠨ ᠠᠭᠤᠯᠠ᠂ ᠤᠨᠤᠨ ᠮᠥᠷᠡᠨ ᠦ᠌ ᠡᠬᠢ ᠣᠢ ᠮᠣᠳᠣ᠂ ᠨᠠᠮᠤᠭ ᠤᠰᠤ ᠪᠠᠷ ᠬᠠᠪᠴᠢᠭᠳᠠᠭᠰᠠᠨ ᠵᠡᠯᠢᠭᠦᠳ ᠪᠣᠢᠳᠠᠭᠠᠵᠠᠷ ᠲᠤ᠌ ᠨᠢᠭᠤᠭᠳᠠᠨ ᠰᠠᠭᠤᠭᠰᠠᠨ ᠤ᠋ ᠬᠦᠴᠦᠨ ᠳ᠋ᠦ᠍ ᠠᠮᠢᠳᠤ ᠦᠯᠡᠳᠡᠭᠰᠡᠨ ᠲᠡᠳᠡᠨ ᠢ᠋ ᠣᠯᠵᠤ ᠬᠥᠨᠥᠭᠡᠨ᠎ᠡ ᠭᠡᠳᠡᠭ ᠤᠭ ᠨᠢ ᠵᠠᠮᠤᠬ᠎ᠠ ᠳ᠋ᠤ᠌ ᠠᠯᠠᠭ᠎ᠠ ᠤᠷᠪᠠᠭᠤᠯᠬᠤ ᠶ᠋ᠢᠨ ᠲᠡᠳᠦᠢ ᠵᠦᠢᠯ ᠪᠠᠢᠭᠰᠠᠨ ᠪᠢᠯᠡ᠃ᠭᠡᠪᠡᠴᠦ ᠢᠩᠭᠢᠬᠦ ᠳ᠋ᠦ᠍ᠨᠢ ᠶᠠᠭᠤ ᠰᠠᠭᠠᠳ ᠪᠣᠯᠪᠠ? ᠬᠠᠮᠤᠭ ᠤ᠋ᠨ ᠲᠦᠷᠦᠭᠦᠨ ᠳ᠋ᠦ᠍ ᠬᠡᠦᠬᠡᠳ ᠨᠠᠰᠤᠨ ᠤ᠋ ᠳᠡᠪᠡᠷᠡᠭᠦᠨ ᠬᠥᠭᠡᠷᠦᠦ ᠰᠡᠳᠬᠢᠯ ᠢ᠋ᠶ᠋ᠡᠷ ᠲᠠᠯᠪᠢᠭᠰᠠᠨ ᠠᠨᠳᠠ ᠶ᠋ᠢᠨ ᠲᠠᠩᠭᠠᠷᠢᠭ ᠰᠠᠭᠠᠳ ᠪᠣᠯᠪᠠ᠃ᠲᠡᠮᠦᠵᠢᠨ ᠢ᠋ ᠳᠤᠲᠠᠭᠤ ᠦᠨᠡᠯᠡᠵᠦ ᠦᠯᠦ ᠲᠣᠭᠣᠮᠰᠠᠷᠯᠠᠨ ᠬᠠᠨᠳᠤᠭᠰᠠᠨ ᠨᠢ ᠭᠠᠢ ᠪᠣᠯᠪᠠ᠃ᠲᠤᠭᠤᠷᠢᠯ ᠬᠠᠨ ᠤ᠋ ᠠᠷᠭ᠎ᠠ ᠡᠪ ᠢ᠋ ᠣᠯᠵᠤ ᠨᠥᠬᠥᠷᠯᠡᠭᠰᠡᠨ ᠵᠠᠯᠠᠭᠤ ᠲᠡᠮᠦᠵᠢᠨ ᠦ᠌ ᠬᠡᠷᠰᠡᠦ ᠤᠬᠠᠭᠠᠨ ᠰᠠᠭᠠᠳ ᠪᠣᠯᠪᠠ᠃ᠲᠡᠮᠦᠵᠢᠨ ᠦ᠌ ᠴᠠᠭᠠᠳᠤ ᠨᠠᠷᠢᠨ ᠤᠬᠠᠭᠠᠨ ᠢ᠋ ᠵᠠᠮᠤᠬ᠎ᠠ ᠣᠳᠣ ᠯᠠ ᠭᠦᠢᠴᠡᠳ ᠣᠢᠯᠠᠭᠠᠵᠤ ᠠᠪᠴᠠᠢ᠃ᠣᠷᠣᠢᠲᠠᠭᠰᠠᠨ ᠴᠤ᠌ ᠭᠡᠯᠡ ᠦᠨᠡᠨ ᠢ᠋ ᠮᠡᠳᠡᠨ᠎ᠡ ᠭᠡᠳᠡᠭ ᠬᠡᠷᠰᠡᠦ ᠤᠬᠠᠭᠠᠨ ᠲᠥᠷᠥᠭᠦᠯᠳᠡᠭ ᠠᠵᠢ᠃ᠥᠪᠡᠷ ᠦ᠋ᠨ ᠠᠯᠳᠠᠭᠳᠠᠭᠰᠠᠨ ᠨᠡᠷ᠎ᠡ ᠬᠦᠨᠳᠦ ᠶ᠋ᠢ ᠰᠡᠷᠭᠦᠭᠡᠬᠦ ᠪᠣᠷᠵᠢᠭᠢᠨ ᠠᠢᠮᠠᠭ ᠢ᠋ᠶ᠋ᠠᠨ ᠡᠷᠭᠢᠭᠦᠯᠦᠨ ᠨᠢᠭᠡᠳᠬᠡᠬᠦ ᠳ᠋ᠡᠭᠡᠨ ᠲᠤᠭᠤᠷᠢᠯ ᠬᠠᠨ᠂ ᠵᠠᠮᠤᠬ᠎ᠠ ᠬᠣᠶᠠᠷ ᠤ᠋ᠨ ᠬᠦᠴᠦ ᠶ᠋ᠢ ᠲᠡᠮᠦᠵᠢᠨ ᠨᠡᠩ ᠴᠢᠳᠠᠮᠠᠭᠠᠢ ᠠᠰᠢᠭᠯᠠᠵᠠᠢ᠃ᠲᠡᠭᠦᠨ ᠦ᠌ ᠭᠠᠷᠭᠠᠭᠰᠠᠨ ᠠᠯᠳᠠᠭ᠎ᠠ ᠪᠣᠯᠭᠠᠨ ᠢ᠋ ᠲᠡᠮᠦᠵᠢᠨ ᠬᠡᠷᠬᠢᠨ ᠠᠰᠢᠭᠯᠠᠭᠰᠠᠨ ᠢ᠋ ᠤᠬᠠᠭᠠᠷᠠᠬᠤ ᠲᠣᠰᠤᠮ ᠳᠠᠩᠴᠤ ᠭᠣᠮᠣᠳᠠᠯᠲᠠᠢ ᠪᠠᠢᠯ᠎ᠠ᠃ᠳᠡᠭᠡᠳᠦᠰ ᠨᠣᠶᠠᠳ ᠲᠤ᠌ ᠲᠤᠯᠢᠭᠤᠨᠠᠳᠠᠭ ᠦᠭᠡᠢ᠂ ᠳᠣᠣᠷᠠᠲᠤ ᠬᠠᠷᠠᠴᠤ ᠳ᠋ᠤ᠌ ᠲᠠᠯ᠎ᠠ ᠠᠯᠳᠠᠳᠠᠭ ᠦᠭᠡᠢ ᠵᠠᠩ᠂ ᠰᠣᠬᠣᠷ ᠤ᠋ᠨ ᠭᠠᠵᠠᠷ ᠰᠣᠬᠣᠷ᠂ ᠳᠣᠭᠣᠯᠠᠩ ᠤ᠋ᠨ ᠭᠠᠵᠠᠷ ᠳᠣᠭᠣᠯᠠᠩ ᠪᠠᠢᠵᠤ ᠴᠢᠳᠠᠳᠠᠭ ᠲᠡᠪᠴᠢᠶᠡᠷᠢ ᠲᠡᠢ ᠴᠢᠨᠠᠷ ᠨᠢ ᠲᠡᠮᠦᠵᠢᠨ ᠢ᠋ ᠡᠢᠮᠦ ᠠᠮᠵᠢᠯᠲᠠ ᠳ᠋ᠤ᠌ ᠬᠦᠷᠭᠡᠵᠡᠢ᠃ᠵᠢᠭᠠᠬᠠᠨ ᠰᠢᠯᠲᠠᠭ ᠣᠯᠤᠮᠠᠭᠴᠠ ᠲᠣᠭᠣᠷᠢᠯ ᠢ᠋ ᠤᠷᠪᠠᠭᠤᠯᠤᠨ ᠲᠠᠯ᠎ᠠ ᠳ᠋ᠠᠭᠠᠨ ᠲᠠᠲᠠᠵᠤ ᠵᠠᠮᠤᠬ᠎ᠠ ᠶ᠋ᠢ ᠳᠣᠪᠲᠣᠯᠤᠭᠰᠠᠨ ᠮᠥᠷᠲᠡᠭᠡᠨ ᠲᠣᠭᠣᠷᠢᠯ ᠢ᠋ ᠢᠲᠡᠭᠡᠯ ᠠᠯᠳᠠᠮᠠᠭᠴᠠ ᠴᠠᠭ ᠵᠠᠪ ᠥᠭᠬᠦ ᠦᠭᠡᠢ ᠳᠣᠪᠲᠣᠯᠤᠨ ᠰᠥᠨᠥᠭᠡᠭᠰᠡᠨ ᠨᠢ ᠴᠣᠬᠣᠮ ᠭᠠᠭᠴᠠ ᠲᠡᠮᠦᠵᠢᠨ ᠳ᠋ᠦ᠍ ᠪᠠᠢᠬᠤ ᠠᠶᠤᠮᠰᠢᠭᠲᠠᠢ ᠣᠨᠴᠠᠭᠠᠢ ᠴᠢᠳᠠᠪᠤᠷᠢ ᠪᠥᠯᠥᠭᠡ᠃ᠵᠠᠮᠤᠬ᠎ᠠ ᠶᠠᠮᠠᠷ ᠴᠤ᠌ ᠦᠶ᠎ᠡ ᠳ᠋ᠦ᠍ ᠥᠪᠡᠷ ᠦ᠋ᠨ ᠲᠠᠯᠪᠢᠭᠰᠠᠨ ᠠᠨᠳᠠ ᠶ᠋ᠢᠨ ᠲᠠᠩᠭᠠᠷᠢᠭ ᠢ᠋ ᠰᠠᠨᠠᠬᠤ ᠲᠠᠢ ᠪᠠᠢᠪᠠ᠃ᠬᠠᠷᠢᠨ ᠲᠡᠮᠦᠵᠢᠨ ᠲᠡᠷᠡ ᠲᠠᠩᠭᠠᠷᠢᠭ ᠢ᠋ ᠰᠠᠨᠠᠭᠤᠯᠬᠤ ᠮᠥᠷᠲᠡᠭᠡᠨ ᠭᠠᠭᠴᠠᠬᠠᠨ ᠥᠪᠡᠷ ᠦ᠋ᠨ ᠠᠮᠢ ᠨᠠᠰᠤ᠂ ᠡᠷᠬᠡ ᠠᠰᠢᠭ ᠢ᠋ ᠡᠷᠬᠢᠮᠯᠡᠵᠦ ᠪᠠᠢᠭᠰᠠᠨ ᠢ᠋ᠶ᠋ᠠᠷ ᠢ᠋ᠶ᠋ᠠᠨ ᠲᠡᠭᠦᠨ ᠢ᠋ ᠢᠯᠠᠵᠤ ᠴᠢᠳᠠᠭᠰᠠᠨ ᠢ᠋ ᠵᠠᠮᠤᠬ᠎ᠠ ᠣᠢᠯᠠᠭᠠᠪᠠ᠃ᠡᠨᠡ ᠪᠣᠯ ᠲᠡᠢᠨ ᠳ᠋ᠦ᠍ ᠨᠥᠬᠥᠷ ᠭᠡᠵᠦ ᠪᠠᠢᠳᠠᠭ ᠦᠭᠡᠢ ᠶ᠋ᠢ ᠬᠠᠷᠠᠭᠤᠯᠤᠭᠰᠠᠨ ᠬᠡᠷᠡᠭ ᠶᠤᠮ᠃ᠬᠡᠨ ᠬᠠᠷᠭᠢᠰ ᠬᠠᠲᠠᠭᠤ᠂ ᠥᠷᠥᠰᠢᠶᠡᠯ ᠦᠭᠡᠢ ᠪᠠᠢᠵᠤ ᠴᠢᠳᠠᠪᠠᠯ ᠲᠡᠷᠡ ᠯᠠ ᠢᠯᠠᠳᠠᠭ ᠵᠢᠮ᠎ᠡ ᠲᠡᠢ ᠠᠵᠢ᠃ᠲᠡᠮᠦᠵᠢᠨ ᠦ᠌ ᠡᠨᠡ ᠢᠯᠠᠯᠲᠠ ᠳ᠋ᠤ᠌ ᠲᠤᠰᠠ ᠪᠣᠯᠤᠭᠰᠠᠨ ᠨᠢᠭᠡ ᠵᠦᠢᠯ ᠪᠠᠢᠭᠰᠠᠨ ᠢ᠋ ᠵᠠᠮᠤᠬ᠎ᠠ ᠣᠢᠯᠠᠭᠠᠭᠰᠠᠨ ᠦᠭᠡᠢ᠃ᠶᠠᠭᠠᠬᠢᠭᠠᠳ ᠭᠡᠪᠡᠯ ᠲᠡᠷᠡ ᠲᠡᠮᠦᠵᠢᠨ ᠦ᠌ ᠴᠡᠷᠢᠭ ᠢ᠋ᠶ᠋ᠡᠨ ᠬᠡᠷᠬᠢᠨ ᠵᠠᠰᠠᠵᠤ ᠵᠣᠬᠢᠶᠠᠨ ᠪᠠᠢᠭᠤᠯᠤᠭᠰᠠᠨ ᠢ᠋ ᠮᠡᠳᠡᠵᠦ ᠪᠠᠢᠭᠰᠠᠨ ᠴᠤ᠌ ᠡᠨᠡ ᠬᠡᠷᠡᠭ ᠦ᠋ᠨ ᠭᠦᠨᠵᠡᠭᠡᠢ ᠠᠴᠢ ᠲᠤᠰᠠ ᠶ᠋ᠢ ᠬᠠᠢᠬᠤᠷᠤᠨ ᠲᠣᠭᠣᠵᠤ ᠦᠵᠡᠭᠡ ᠦᠭᠡᠢ ᠶᠤᠮ᠃ᠠᠷᠪᠠᠲᠤ᠂ ᠵᠠᠭᠤᠲᠤ᠂ ᠮᠢᠩᠭᠠᠲᠤ ᠪᠠᠷ ᠬᠤᠪᠢᠶᠠᠭᠳᠠᠭᠰᠠᠨ ᠲᠡᠮᠦᠵᠢᠨ ᠦ᠌ ᠴᠡᠷᠢᠭ ᠨᠢᠭᠡ ᠵᠣᠷᠢᠯᠭ᠎ᠠ᠂ᠨᠢᠭᠡᠳᠦᠮᠡᠯ ᠰᠠᠬᠢᠯᠭ᠎ᠠ᠂ ᠨᠡᠩ ᠴᠡᠭᠴᠡᠲᠡᠢ ᠰᠢᠭᠤᠷᠬᠠᠢ ᠬᠥᠳᠡᠯᠭᠡᠭᠡᠨ ᠢ᠋ ᠪᠣᠢ ᠪᠣᠯᠭᠠᠵᠤ ᠰᠤᠷᠴᠤ ᠪᠠᠢᠯ᠎ᠠ᠃ᠵᠥᠪᠬᠡᠨ ᠥᠪᠡᠷ ᠦ᠋ᠨ ᠣᠪᠣᠭ᠂ ᠠᠢᠮᠠᠭ᠂ ᠲᠣᠯᠣᠭᠠᠢᠯᠠᠭᠴᠢ ᠶ᠋ᠢᠨ ᠢ᠋ᠶ᠋ᠡᠨ ᠬᠦᠰᠡᠯ ᠵᠣᠷᠢᠯᠭ᠎ᠠ᠂ ᠵᠣᠷᠢᠭ ᠴᠢᠳᠠᠪᠤᠷᠢ ᠪᠠᠷ ᠤᠳᠤᠷᠢᠳᠴᠤ ᠪᠠᠢᠭᠰᠠᠨ ᠴᠡᠷᠢᠭ ᠡᠴᠡ ᠡᠨᠡ ᠨᠢ ᠬᠡᠴᠢᠨᠡᠨ ᠬᠤᠪᠢ ᠳᠠᠪᠠᠭᠤ᠂ ᠰᠢᠨ᠎ᠡ᠂ ᠤᠶᠠᠨ ᠬᠠᠳᠠᠨ᠂ ᠨᠢᠭᠡ ᠵᠣᠷᠢᠯᠭ᠎ᠠ ᠶ᠋ᠢ ᠬᠡᠷᠡᠭᠵᠢᠭᠦᠯᠬᠦ ᠳ᠋ᠦ᠍ ᠢᠯᠡᠭᠦᠦ ᠵᠣᠬᠢᠴᠠᠵᠤ ᠪᠠᠢᠭᠰᠠᠨ ᠪᠢᠯᠡ᠃ᠪᠠᠰᠠ ᠨᠢᠭᠡᠳᠦᠭᠰᠡᠨ ᠤᠯᠤᠰ ᠪᠠᠢᠭᠤᠯᠬᠤ ᠬᠦᠰᠡᠯ ᠵᠣᠷᠢᠭ᠂ ᠢᠯᠠᠯᠲᠠ ᠪᠠᠢᠭᠤᠯᠬᠤ ᠴᠢᠩ ᠡᠷᠡᠮᠡᠯᠵᠡᠯ ᠢ᠋ ᠴᠦ᠍ ᠲᠡᠮᠦᠵᠢᠨ ᠪᠦᠭᠦᠳᠡ ᠳ᠋ᠦ᠍ᠨᠢ ᠲᠦᠭᠡᠭᠡᠨ ᠬᠠᠯᠳᠠᠪᠤᠷᠢᠯᠠᠭᠤᠯᠵᠤ ᠪᠠᠢᠪᠠ᠃ᠡᠨᠡ ᠪᠣᠯ ᠲᠡᠮᠦᠵᠢᠨ ᠦ᠌ ᠳᠠᠪᠠᠭᠤ ᠲᠠᠯ᠎ᠠ ᠪᠠᠢᠭᠰᠠᠨ ᠶᠤᠮ᠃ᠲᠡᠢᠨ ᠳᠣᠯᠣᠭᠠᠨ ᠳ᠋ᠤ᠌ ᠬᠠᠮᠤᠭ ᠤ᠋ᠨ ᠢᠯᠡᠭᠦᠦ ᠵᠣᠷᠢᠭ ᠬᠦᠴᠦ ᠭᠠᠷᠭᠠᠭᠰᠠᠨ ᠲᠡᠷᠡ ᠬᠥᠮᠦᠨ ᠢ᠋ ᠢᠵᠠᠭᠤᠷ ᠤᠭᠰᠠᠭ᠎ᠠ ᠦᠯᠦ ᠬᠠᠷᠠᠭᠠᠯᠵᠠᠨ ᠲᠡᠢᠨ ᠦ᠌ ᠣᠯᠵᠠᠨ ᠡᠴᠡ ᠬᠥᠬᠢᠭᠦᠯᠦᠨ ᠱᠠᠩᠨᠠᠵᠤ᠂ ᠠᠯᠳᠠᠷᠰᠢᠭᠤᠯᠤᠨ ᠳᠡᠪᠰᠢᠭᠦᠯᠵᠦ ᠪᠠᠢᠭᠰᠠᠨ ᠨᠢ ᠣᠯᠠᠨ ᠣᠯᠠᠨ ᠵᠠᠯᠠᠭᠤ ᠵᠣᠷᠢᠭᠲᠠᠨ ᠨᠤᠭᠤᠳ ᠢ᠋ ᠲᠡᠮᠦᠵᠢᠨ ᠦ᠌ ᠲᠠᠯ᠎ᠠ ᠳ᠋ᠤ᠌ ᠲᠠᠲᠠᠵᠤ ᠦᠨᠡᠨ ᠰᠡᠳᠬᠢᠯ ᠢ᠋ᠶ᠋ᠡᠷ ᠵᠢᠳᠬᠦᠬᠦ ᠦᠨᠳᠦᠰᠦ ᠪᠣᠯᠵᠤ ᠪᠠᠢᠪᠠ᠃ᠡᠵᠡᠨ ᠳ᠋ᠡᠭᠡᠨ ᠦᠨᠡᠨᠴᠢ ᠵᠢᠳᠬᠦᠭᠰᠡᠨ ᠳᠠᠢᠰᠤᠨ ᠢ᠋ᠶ᠋ᠠᠨ ᠢᠯᠡ ᠲᠣᠳᠣ ᠪᠠᠷ ᠰᠠᠢᠰᠢᠶᠠᠨ ᠥᠷᠥᠰᠢᠶᠡᠨ ᠭᠡᠯᠳᠦᠷᠢᠭᠦᠯᠵᠦ ᠥᠪᠡᠷ ᠲᠡᠭᠡᠨ ᠡᠯᠰᠡᠭᠦᠯᠳᠡᠭ ᠪᠠᠢᠭᠰᠠᠨ ᠨᠢ ᠵᠢᠩᠬᠢᠨᠢ ᠰᠢᠳᠤᠷᠭᠤ᠂ ᠠᠷᠠᠳᠴᠢ ᠰᠢᠨ᠎ᠡ ᠤᠳᠤᠷᠢᠳᠤᠭᠴᠢ ᠶ᠋ᠢᠨ ᠳᠦᠷᠢ ᠲᠥᠷᠬᠦ ᠶ᠋ᠢ ᠪᠣᠢ ᠪᠣᠯᠭᠠᠵᠤ ᠡᠨᠡ ᠨᠢ ᠲᠡᠮᠦᠵᠢᠨ ᠢ᠋ ᠳᠠᠢᠰᠤᠨ ᠨᠤᠭᠤᠳ ᠨᠢ ᠴᠦ᠍ ᠪᠣᠯᠪᠠ ᠬᠦᠨᠳᠦᠳᠬᠡᠬᠦ ᠳ᠋ᠦ᠍ ᠬᠦᠷᠭᠡᠵᠦ ᠪᠠᠢᠯ᠎ᠠ᠃
ᠲᠣᠭᠣᠷᠢᠯ ᠣᠭᠲᠣ ᠰᠠᠨᠠᠮᠰᠠᠷ ᠦᠭᠡᠢ ᠪᠠᠢᠭᠠᠳ ᠲᠡᠮᠦᠵᠢᠨ ᠳ᠋ᠦ᠍ ᠴᠣᠬᠢᠭᠳᠠᠭᠰᠠᠨ ᠨᠢ ᠵᠠᠮᠤᠬ᠎ᠠ ᠶ᠋ᠢᠨ ᠦᠵᠡᠭᠰᠡᠨ ᠬᠠᠮᠤᠭ ᠤ᠋ᠨ ᠬᠠᠷᠠᠮᠰᠠᠯᠲᠠᠢ ᠢᠯᠠᠭᠳᠠᠯ ᠪᠠᠢᠯ᠎ᠠ᠃ᠲᠥᠪ ᠮᠣᠩᠭᠣᠯ ᠤ᠋ᠨ ᠨᠤᠲᠤᠭ ᠲᠤ ᠣᠷᠣᠰᠢᠵᠤ ᠪᠠᠢᠭᠰᠠᠨ ᠬᠠᠮᠤᠭ ᠤ᠋ᠨ ᠬᠦᠴᠦᠷᠬᠡᠭ ᠬᠡᠷᠡᠢᠳ ᠠᠢᠮᠠᠭ ᠤ᠋ᠨ ᠬᠠᠨ ᠲᠣᠭᠣᠷᠢᠯ ᠰᠥᠨᠥᠵᠦ ᠳᠠᠷᠤᠭᠳᠠᠭᠰᠠᠨ ᠨᠢ ᠪᠤᠰᠤᠳ ᠵᠢᠵᠢᠭ ᠠᠢᠮᠠᠭ᠂ ᠣᠮᠣᠭ ᠤ᠋ᠳ ᠲᠤ᠌ ᠲᠣᠮᠣ ᠰᠤᠷᠭᠠᠮᠵᠢ ᠪᠣᠯᠵᠤ ᠠᠶᠤᠵᠤ ᠰᠠᠨᠳᠤᠷᠤᠭᠰᠠᠨ ᠲᠡᠳᠡ ᠡᠭᠡᠯᠵᠢ ᠳᠠᠷᠠᠭ᠎ᠠ ᠪᠠᠷ ᠲᠡᠮᠦᠵᠢᠨ ᠳ᠋ᠦ᠍ ᠳᠠᠭᠠᠷ᠎ᠠ ᠣᠷᠣᠪᠠ᠃ᠡᠨᠡ ᠶᠠᠪᠤᠳᠠᠯ ᠣᠳᠣ ᠲᠡᠮᠦᠵᠢᠨ ᠢ᠋ ᠡᠰᠡᠷᠭᠦᠴᠡᠨ ᠵᠣᠭᠰᠣᠵᠤ ᠪᠠᠢᠭ᠎ᠠ ᠨᠠᠢ᠍ᠮᠠᠨ ᠠᠢᠮᠠᠭ ᠤ᠋ᠨ ᠰᠦᠷ ᠬᠦᠴᠦ ᠶ᠋ᠢ ᠳᠣᠷᠣᠢᠲᠠᠭᠤᠯᠵᠤ ᠲᠠᠶᠠᠨ ᠬᠠᠨ ᠤ᠋ ᠵᠢᠷᠦᠬᠡ ᠶ᠋ᠢ ᠮᠣᠬᠣᠭᠠᠵᠠᠢ᠃ᠡᠷᠲᠡᠨ ᠦ᠌ ᠨᠡᠷ᠎ᠡ ᠰᠦᠷ ᠶᠡᠬᠡ᠂ ᠬᠣᠯᠠ ᠣᠢᠷ᠎ᠠ ᠳ᠋ᠤ᠌ ᠴᠤᠤᠲᠠᠢ ᠲᠤᠭᠤᠷᠢᠯ ᠬᠠᠨ ᠢᠩᠭᠢᠵᠦ ᠭᠡᠨᠡᠳᠲᠡ ᠴᠣᠬᠢᠭᠳᠠᠨ ᠰᠦᠢᠷᠡᠭᠰᠡᠨ ᠨᠢ ᠲᠡᠮᠦᠵᠢᠨ ᠦ᠌ ᠡᠰᠡᠷᠭᠦ ᠨᠢᠭᠡᠳᠦᠨ ᠲᠡᠮᠡᠴᠡᠬᠦ ᠡᠴᠦᠰ ᠦ᠋ᠨ ᠭᠠᠭᠴᠠ ᠨᠠᠢᠳᠠᠪᠤᠷᠢ ᠶ᠋ᠢ ᠨᠢᠭᠡᠮᠦᠰᠦᠨ ᠦᠭᠡᠢ ᠪᠣᠯᠭᠠᠪᠠ᠃ᠲᠡᠮᠦᠵᠢᠨ ᠨᠢᠭᠡᠨᠲᠡ ᠡᠭᠦᠰᠦᠭᠰᠡᠨ ᠨᠥᠬᠥᠴᠡᠯ ᠪᠣᠯᠤᠮᠵᠢ ᠶ᠋ᠢ ᠳᠦᠭᠦᠷᠡᠩ ᠠᠰᠢᠭᠯᠠᠵᠤ᠂ ᠲᠠᠶᠠᠨ ᠬᠠᠨ ᠳ᠋ᠤ᠌ ᠤᠬᠤᠷᠢᠬᠤ ᠵᠢᠭᠤᠲᠠᠬᠤ᠂ ᠬᠦᠴᠦ ᠪᠡᠨ ᠬᠤᠷᠠᠮᠳᠤᠭᠤᠯᠬᠤ ᠵᠠᠪ ᠵᠠᠢ ᠥᠭᠬᠦ ᠦᠭᠡᠢ ᠨᠢ ᠯᠠᠪᠲᠠᠢ᠃ᠲᠡᠢᠮᠦ ᠪᠣᠯᠬᠣᠷ ᠤᠳᠠᠬᠤ ᠦᠭᠡᠢ ᠪᠦᠷ ᠬᠣᠶᠠᠷ ᠭᠤᠷᠪᠠ ᠬᠣᠨᠣᠭ ᠡᠴᠡ ᠬᠡᠲᠦᠷᠡᠬᠦ ᠦᠭᠡᠢ ᠡᠨᠳᠡ ᠲᠡᠮᠦᠵᠢᠨ ᠦ᠌ ᠴᠡᠷᠢᠭ ᠨᠡᠬᠡᠨ ᠢᠷᠡᠬᠦ ᠨᠢ ᠭᠠᠷᠴᠠᠭ᠎ᠠ ᠦᠭᠡᠢ᠃
ᠭᠠᠭᠴᠠ ᠲᠡᠮᠦᠵᠢᠨ ᠴᠦ᠍ ᠪᠢᠰᠢ ᠬᠡᠨ ᠴᠦ᠍ ᠪᠠᠢᠭᠰᠠᠨ ᠲᠡᠭᠡᠬᠦ ᠪᠢᠵᠡ᠃ᠨᠠᠢ᠍ᠮᠠᠨ ᠤ᠋ ᠲᠠᠶᠠᠨ ᠬᠠᠨ ᠲᠡᠮᠦᠵᠢᠨ ᠢ᠋ ᠳᠤᠲᠠᠭᠤ ᠦᠨᠡᠯᠡᠵᠦ《ᠳᠣᠷᠣᠨ᠎ᠠ ᠵᠦᠭ ᠦ᠋ᠨ ᠴᠥᠭᠡᠨ ᠮᠣᠩᠭᠣᠯᠴᠤᠳ ᠣᠮᠣᠭᠳᠠᠬᠤ ᠪᠣᠯᠤᠯ᠎ᠠ᠃ᠪᠠᠷᠰ ᠤ᠋ᠨ ᠵᠤᠯᠵᠠᠭ᠎ᠠ ᠶ᠋ᠢ ᠪᠠᠭ᠎ᠠ ᠳᠡᠭᠡᠷ᠎ᠡ ᠨᠢ ᠭᠡᠳᠡᠭ ᠪᠢᠯᠡ ᠤᠤ》 ᠭᠡᠵᠦ ᠶᠡᠬᠡ ᠦᠭᠡ ᠬᠡᠯᠡᠨ ᠴᠡᠷᠢᠭ ᠢ᠋ᠶ᠋ᠡᠨ ᠠᠯᠲᠠᠢ ᠶ᠋ᠢᠨ ᠨᠢᠷᠤᠭᠤ ᠳᠠᠪᠠᠭᠤᠯᠤᠨ ᠣᠷᠬᠣᠨ ᠭᠣᠣᠯ ᠬᠦᠷᠲᠡᠯ᠎ᠡ ᠳᠣᠪᠲᠣᠯᠤᠨ ᠢᠷᠡᠭᠰᠡᠨ ᠨᠢ ᠭᠠᠯᠵᠠᠭᠤ ᠴᠢᠨᠣ᠎ᠠ ᠶ᠋ᠢᠨ ᠠᠮᠠᠨ ᠳ᠋ᠤ᠌ ᠭᠠᠷ ᠢ᠋ᠶ᠋ᠠᠨ ᠬᠢᠭᠰᠡᠨ ᠲᠡᠢ ᠠᠳᠠᠯᠢ ᠬᠡᠷᠡᠭ ᠪᠣᠯᠵᠤ ᠣᠳᠣ ᠲᠡᠳᠡ ᠤᠯᠤᠰ ᠢ᠋ᠶ᠋ᠠᠨ ᠲᠦᠢᠪᠡᠭᠡᠵᠦ᠂ ᠥᠪᠡᠷᠰᠡᠳ ᠢ᠋ᠶ᠋ᠡᠨ ᠬᠣᠷᠣᠮᠰᠠᠭ᠎ᠠ ᠰᠠᠭᠠᠳᠠᠭ ᠢ᠋ᠶ᠋ᠠᠨ ᠬᠤᠷᠢᠶᠠᠯᠭᠠᠬᠤ ᠳᠡᠭᠡᠷ᠎ᠡ ᠪᠡᠨ ᠲᠤᠯᠪᠠ᠃ᠠᠮᠠᠨ ᠡᠴᠡ ᠪᠠᠨ ᠪᠣᠯᠵᠤ ᠤᠯᠤᠰ ᠢ᠋ᠶ᠋ᠠᠨ ᠵᠣᠯᠢᠶᠠᠰᠤᠯᠠᠭᠰᠠᠨ ᠲᠠᠶᠠᠨ ᠬᠠᠨ ᠬᠠᠷᠠᠮᠰᠠᠪᠠᠴᠤ ᠣᠷᠣᠢᠲᠠᠵᠠᠢ᠃
ᠲᠦᠳᠡᠯ ᠦᠭᠡᠢ ᠠᠯᠠᠭ᠎ᠠ ᠪᠣᠯᠤᠭᠠᠳ ᠤᠳᠠᠭᠰᠠᠨ ᠬᠠᠨᠲᠡᠮᠥᠷ ᠡᠷᠭᠢᠵᠦ ᠢᠷᠡᠪᠡ᠃ᠥᠷᠯᠥᠭᠡᠨ ᠡᠴᠡ ᠥᠨᠳᠡᠢᠬᠦ ᠴᠦ᠍ ᠦᠭᠡᠢ ᠬᠡᠪᠲᠡᠭᠰᠡᠭᠡᠷ ᠪᠠᠢᠭ᠎ᠠ ᠡᠵᠡᠨ ᠦ᠌ ᠪᠡᠨ ᠳᠡᠷᠭᠡᠳᠡ ᠳᠠᠭᠤ ᠦᠭᠡᠢ ᠰᠥᠬᠥᠷᠡᠨ ᠰᠠᠭᠤᠬᠤ ᠳ᠋ᠤ᠌ ᠵᠠᠮᠤᠬ᠎ᠠ ᠡᠷᠬᠡᠪᠰᠢ ᠳᠡᠷᠭᠡᠳᠡ ᠨᠢ ᠬᠥᠮᠦᠨ ᠢᠷᠡᠭᠰᠡᠨ ᠶᠤᠮ ᠪᠣᠯᠬᠣᠷ ᠳᠤᠷᠠᠲᠠᠢ ᠳᠤᠷ᠎ᠠ ᠦᠭᠡᠢ ᠨᠢᠳᠦ ᠨᠡᠭᠡᠭᠡᠨ ᠬᠠᠷᠠᠵᠠᠢ᠃ᠬᠠᠨᠲᠡᠮᠥᠷ ᠵᠠᠮᠤᠬ᠎ᠠ ᠶ᠋ᠢ ᠳᠤᠤᠭᠠᠷᠤᠨ᠎ᠠ ᠭᠡᠵᠦ ᠬᠦᠯᠢᠶᠡᠵᠦ ᠪᠠᠢᠭᠰᠠᠨ ᠴᠤ᠌ ᠴᠣᠬᠣᠮ ᠶᠠᠭᠤ ᠭᠡᠵᠦ ᠬᠡᠯᠡᠬᠦ ᠶ᠋ᠢ ᠨᠢ ᠳᠠᠭᠠᠭᠰᠠᠨ ᠦᠭᠡᠢ᠃
— ᠲᠡᠷᠡ ᠵᠢᠯ ᠵᠡᠭᠡᠷᠡᠨ ᠬᠠᠪᠴᠢᠯ ᠳ᠋ᠤ᠌ ᠵᠥᠴᠢ ᠶ᠋ᠢ ᠳᠠᠭᠠᠵᠤ ᠢᠷᠡᠭᠰᠡᠨ ᠥᠨᠥᠬᠢ ᠵᠢᠭᠠᠰᠤᠨ ᠨᠢᠳᠦᠲᠦ ᠴᠡᠷᠢᠭ ᠢ᠋ ᠰᠠᠨᠠᠵᠤ ᠪᠠᠢᠨ᠎ᠠ ᠤᠤ? ᠭᠡᠵᠦ ᠵᠠᠮᠤᠬ᠎ᠠ ᠬᠠᠨᠲᠡᠮᠥᠷ ᠦ᠋ᠨ ᠣᠭᠲᠣ ᠰᠠᠨᠠᠭ᠎ᠠ ᠦᠭᠡᠢ ᠶᠠᠭᠤᠮ᠎ᠠ ᠶ᠋ᠢ ᠭᠡᠨᠡᠳᠲᠡ ᠠᠰᠠᠭᠤᠪᠠ᠃ᠲᠡᠳᠦ ᠭᠡᠭᠴᠢ ᠵᠢᠭᠠᠰᠤ ᠮᠡᠲᠦ ᠦᠯᠦ ᠴᠠᠪᠴᠢᠬᠤ ᠬᠠᠴᠢᠨ ᠨᠢᠳᠦ ᠲᠡᠢ ᠡᠷ᠎ᠡ ᠶ᠋ᠢ ᠬᠠᠨᠲᠡᠮᠥᠷ ᠲᠣᠳᠣ ᠰᠠᠨᠠᠵᠤ ᠪᠠᠢᠭᠰᠠᠨ ᠲᠤᠯᠠ ᠭᠠᠢᠬᠠᠵᠤ
— ᠶᠠᠭᠤ ᠪᠣᠯᠪᠠ? ᠡᠵᠡᠨᠲᠡᠨ ᠭᠡᠵᠦ ᠠᠰᠠᠭᠤᠪᠠ᠃ᠭᠡᠪᠡᠴᠦ ᠵᠠᠮᠤᠬ᠎ᠠ ᠬᠠᠷᠢᠭᠤ ᠬᠡᠯᠡᠬᠦ ᠦᠭᠡᠢ ᠲᠠᠭ ᠴᠢᠭ ᠪᠠᠢᠭᠰᠠᠨ ᠳ᠋ᠤ᠌ — ᠶᠠᠭᠠᠬᠢᠭᠠᠳ ᠲᠡᠭᠦᠨ ᠦ᠌ ᠲᠤᠬᠠᠢ ᠠᠰᠠᠭᠤᠭᠰᠠᠨ ᠢ᠋ᠶ᠋ᠠᠨ ᠪᠢ ᠥᠪᠡᠷ ᠢ᠋ᠶ᠋ᠡᠨ ᠴᠦ᠍ ᠮᠡᠳᠡᠬᠦ ᠦᠭᠡᠢ ᠪᠠᠢᠨ᠎ᠠ ᠭᠡᠵᠦ ᠵᠠᠮᠤᠬ᠎ᠠ ᠦᠨᠡᠨ ᠢ᠋ᠶ᠋ᠡᠨ ᠬᠡᠯᠡᠭᠡᠳ
— ᠴᠢ ᠬᠠᠮᠢᠭ᠎ᠠ ᠣᠴᠢᠪᠠ? ᠭᠡᠵᠡᠢ
— ᠪᠢ ᠲᠠᠶᠠᠨ ᠬᠠᠨ ᠤ᠋ ᠠᠰᠠᠷ ᠲᠤ᠌ ᠣᠴᠢᠪᠠ ᠭᠡᠳ ᠬᠠᠨᠲᠡᠮᠥᠷ ᠦᠭᠡ ᠳᠠᠭᠤ ᠦᠭᠡᠢ ᠰᠠᠭᠤᠪᠠ᠃
— ᠲᠡᠷᠡ ᠴᠡᠷᠢᠭ ᠢ᠋ ᠲᠡᠳᠦ ᠭᠡᠳᠡᠭ ᠶᠤᠮ᠃ᠲᠡᠮᠦᠵᠢᠨ ᠦ᠌ ᠬᠠᠮᠤᠭ ᠤ᠋ᠨ ᠠᠩᠬᠠᠨ ᠤ᠋ ᠠᠷᠪᠠᠨ ᠲᠣᠷᠭᠠᠨ ᠴᠡᠷᠢᠭ ᠦ᠋ᠨ ᠨᠢᠭᠡ ᠭᠡᠰᠡᠨ᠃ᠲᠠ ᠶᠠᠭᠠᠬᠢᠭᠠᠳ ᠲᠡᠭᠦᠨ ᠢ᠋ ᠠᠰᠠᠭᠤᠪᠠ? ᠭᠡᠪᠡ᠃
ᠳᠠᠭᠠᠵᠤ ᠶᠠᠪᠤᠭᠰᠠᠨ ᠠᠯᠪᠠᠲᠤ ᠢᠷᠭᠡᠳ ᠨᠢ ᠵᠠᠮ ᠳ᠋ᠠᠭᠠᠨ ᠪᠤᠴᠠᠵᠤ ᠲᠡᠮᠦᠵᠢᠨ ᠳ᠋ᠦ᠍ ᠳᠠᠭᠠᠵᠤ ᠣᠷᠣᠭᠰᠠᠨ ᠢ᠋ ᠪᠠᠰᠠ ᠲᠡᠭᠦᠨ ᠦ᠌ ᠳᠣᠲᠣᠷ᠎ᠠ ᠵᠠᠮᠤᠬ᠎ᠠ ᠶ᠋ᠢᠨ ᠵᠠᠯᠠᠭᠤ ᠬᠠᠲᠤᠨ ᠰᠦᠨ ᠭᠡᠭᠡᠨ ᠵᠥᠴᠢ ᠶ᠋ᠢᠨ ᠣᠯᠵᠠ ᠪᠣᠯᠤᠭᠰᠠᠨ ᠢ᠋ ᠬᠠᠨᠲᠡᠮᠦᠷ ᠬᠡᠯᠡᠵᠦ ᠵᠢᠷᠦᠬᠡᠯᠡᠭᠰᠡᠨ ᠦᠭᠡᠢ᠃
ᠭᠦᠷᠪᠡᠯᠵᠢᠨ ᠭᠤᠸ᠎ᠠ ᠬᠠᠲᠤᠨ ᠢ᠋ᠶ᠋ᠠᠨ ᠰᠡᠩᠭᠦᠮ ᠳ᠋ᠦ᠍ ᠪᠡᠯᠡᠭᠯᠡᠭᠰᠡᠨ ᠦ᠌ ᠪᠡᠨ ᠬᠣᠢᠨ᠎ᠠ ᠣᠳᠣᠬᠢ ᠡᠴᠡ ᠬᠠᠭᠠᠰ ᠵᠢᠯ ᠦ᠋ᠨ ᠡᠮᠦᠨ᠎ᠡ ᠵᠠᠮᠤᠬ᠎ᠠ ᠠᠷᠪᠠᠨ ᠵᠢᠷᠭᠤᠭᠠᠨ ᠨᠠᠰᠤᠲᠠᠢ ᠦᠵᠡᠰᠬᠦᠯᠡᠩᠲᠦ ᠥᠬᠢᠨ ᠰᠦᠨ ᠭᠡᠭᠡᠨ ᠢ᠋ ᠦᠷᠭᠦᠭᠡᠨ ᠳ᠋ᠡᠭᠡᠨ ᠠᠪᠴᠢᠷᠠᠭᠰᠠᠨ ᠪᠢᠯᠡ᠃ᠵᠠᠳᠠᠷᠠᠨ ᠠᠢᠮᠠᠭ ᠤ᠋ᠨ ᠬᠠᠷᠠᠴᠤ ᠭᠠᠷᠤᠯ ᠲᠠᠢ ᠡᠨᠡ ᠥᠬᠢᠨ ᠢ᠋ ᠵᠠᠮᠤᠬ᠎ᠠ ᠶᠠᠭᠠᠬᠢᠭᠠᠳ ᠲᠠᠭᠠᠯᠠᠬᠤ ᠪᠣᠯᠤᠭᠰᠠᠨ ᠤ᠋ ᠴᠠᠭᠠᠳᠤ ᠨᠢᠭᠤᠴᠠ ᠶ᠋ᠢ ᠵᠠᠮᠤᠬ᠎ᠠ ᠡᠴᠡ ᠥᠭᠡᠷ᠎ᠡ ᠬᠡᠨ ᠴᠦ᠍ ᠮᠡᠳᠡᠬᠦ ᠦᠭᠡᠢ ᠶᠤᠮ᠃ᠬᠠᠷᠠᠴᠤ ᠶ᠋ᠢᠨ ᠢ᠋ᠶ᠋ᠡᠨ ᠥᠬᠢᠨ ᠢ᠋ ᠠᠪᠬᠤ ᠨᠢ ᠪᠠᠢᠵᠤ ᠪᠣᠯᠤᠮ᠎ᠠ ᠦᠭᠡᠢ ᠬᠡᠷᠡᠭ ᠪᠣᠯᠪᠠᠴᠤ ᠰᠦᠨ ᠭᠡᠭᠡᠨ ᠥᠬᠢᠨ᠂ ᠲᠡᠮᠦᠵᠢᠨ ᠦ᠌ ᠬᠠᠲᠤᠨ ᠪᠥᠷᠲᠡ ᠶ᠋ᠢᠨ ᠵᠠᠯᠠᠭᠤ ᠨᠠᠰᠤ ᠲᠠᠢ ᠳᠡᠩᠳᠡᠭᠦᠦ ᠠᠳᠠᠯᠢᠬᠠᠨ ᠪᠦᠷ ᠠᠨᠳᠠᠭᠤᠷᠠᠮᠠ ᠲᠥᠷᠥᠭᠰᠡᠨ ᠪᠢᠯᠡ᠃ᠭᠡᠲᠡᠯ᠎ᠡ ᠵᠠᠮᠤᠬ᠎ᠠ ᠳ᠋ᠤ᠌ ᠰᠦᠨ ᠭᠡᠭᠡᠨ ᠲᠡᠢ ᠵᠢᠷᠭᠠᠨ ᠰᠠᠭᠤᠬᠤ ᠡᠳᠦᠷ ᠶᠡᠷᠦ ᠳ᠋ᠡᠭᠡᠨ ᠯᠡ ᠭᠤᠷᠪᠠᠬᠠᠨ ᠵᠠᠶᠠᠭᠠᠵᠠᠢ᠃ᠲᠡᠭᠦᠨ ᠦ᠌ ᠥᠬᠢᠨ ᠪᠡᠶ᠎ᠡ ᠶ᠋ᠢ ᠡᠳ᠋ᠯᠡᠵᠦ ᠣᠩᠭᠣᠨ ᠬᠠᠯᠢᠰᠤ ᠶ᠋ᠢ ᠨᠢ ᠴᠤᠭᠤᠯᠤᠭᠰᠠᠨ ᠡᠴᠡ ᠴᠠᠭᠠᠰᠢ ᠦᠭᠡᠢ ᠶᠤᠮ᠃ᠲᠡᠮᠦᠵᠢᠨ ᠦ᠌ ᠴᠡᠷᠢᠭ ᠵᠠᠢ ᠵᠠᠪᠰᠠᠷ ᠦᠭᠡᠢ ᠮᠥᠷᠳᠡᠨ ᠬᠥᠭᠡᠭᠡᠬᠦ ᠪᠣᠯᠤᠭᠰᠠᠨ ᠨᠢ ᠲᠡᠳᠡᠨ ᠢ᠋ ᠬᠠᠭᠠᠴᠠᠭᠤᠯᠵᠠᠢ᠃ᠰᠦᠨ ᠭᠡᠭᠡᠨ ᠢ᠋ ᠶᠠᠮᠠᠷ ᠤᠴᠢᠷ ᠡᠴᠡ ᠵᠠᠮᠤᠬ᠎ᠠ ᠡᠵᠡᠨ ᠨᠢ ᠰᠣᠩᠭᠣᠭᠰᠠᠨ ᠢ᠋ ᠲᠠᠭᠠᠪᠤᠷᠢᠯᠠᠬᠤ ᠲᠤᠯᠠ ᠲᠡᠭᠦᠨ ᠢ᠋ ᠲᠡᠮᠦᠵᠢᠨ ᠦ᠌ ᠬᠥᠪᠡᠭᠦᠨ ᠵᠥᠴᠢ ᠣᠯᠵᠠᠯᠠᠨ ᠠᠪᠤᠭᠰᠠᠨ ᠢ᠋ ᠬᠠᠨᠲᠡᠮᠦᠷ ᠬᠡᠯᠡᠬᠦ ᠦᠭᠡᠢ ᠥᠩᠭᠡᠷᠡᠭᠡᠬᠦ ᠪᠡᠷ ᠰᠢᠢᠳᠴᠡᠢ᠃
— ᠴᠢ ᠶᠠᠭᠤ ᠪᠣᠯᠪᠠ? ᠶᠠᠭᠤᠨ ᠳ᠋ᠤ᠌ ᠦᠭᠡ ᠳᠠᠭᠤ ᠦᠭᠡᠢ ᠭᠦᠯᠦᠢᠵᠦ ᠣᠷᠬᠢᠪᠠ? ᠭᠡᠵᠦ ᠵᠠᠮᠤᠬ᠎ᠠ ᠪᠣᠬᠢᠮᠳᠤᠭᠰᠠᠨ ᠮᠡᠲᠦ ᠰᠢᠪᠡᠨᠡᠪᠡ᠃
— ᠬᠥᠷ ᠬᠠᠨ᠃ᠪᠢ ᠳᠠᠶᠠᠨ ᠬᠠᠨ ᠢ᠋ ᠣᠢᠯᠠᠭᠠᠵᠤ ᠶᠠᠳᠠᠯ᠎ᠠ᠃ᠲᠡᠷᠡ ᠬᠠᠮᠤᠭ ᠴᠡᠷᠢᠭ ᠢ᠋ᠶ᠋ᠡᠨ ᠠᠭᠤᠯᠠ ᠶ᠋ᠢᠨ ᠣᠷᠣᠢ᠂ ᠬᠢᠰᠠᠭᠠᠨ ᠳᠡᠭᠡᠷ᠎ᠡ ᠠᠪᠴᠢᠷᠠᠭᠤᠯᠵᠠᠢ᠃ᠪᠠᠰᠠ ᠲᠡᠮᠦᠵᠢᠨ ᠢ᠋ ᠢᠷᠡᠪᠡᠯ ᠵᠡᠳ ᠲᠠᠢᠯᠵᠤ ᠴᠠᠰᠤ ᠣᠷᠣᠭᠤᠯᠤᠨ᠎ᠠ ᠭᠡᠵᠦ ᠪᠥᠬᠡ ᠠᠪᠴᠢᠷᠠᠨ ᠪᠥᠬᠡᠯᠡᠭᠦᠯᠵᠦ ᠪᠠᠢᠨ᠎ᠠ᠃
— ᠲᠡᠷᠡ ᠤᠭ ᠡᠴᠡ ᠲᠡᠢᠮᠦ ᠡᠮ᠎ᠡ ᠵᠠᠩ ᠲᠠᠢ᠂ ᠡᠯᠳᠡᠪ ᠰᠦᠷᠵᠢᠨ ᠦᠭᠡᠨ ᠡᠴᠡ ᠴᠠᠭᠠᠰᠢ ᠦᠭᠡᠢ ᠠᠮᠢᠲᠠᠨ ᠪᠠᠢᠵᠠᠢ᠃ᠴᠢ ᠶᠠᠭᠤ ᠶ᠋ᠢ ᠨᠢ ᠣᠢᠯᠠᠭᠠᠵᠤ ᠶᠠᠳᠠᠪᠠ?
— ᠲᠡᠷᠡ ᠬᠥᠷ ᠬᠠᠨ ᠲᠠᠨ ᠢ᠋ ᠪᠦᠬᠦ ᠴᠡᠷᠢᠭ ᠢ᠋ᠶ᠋ᠡᠨ ᠨᠢᠭᠡᠳᠬᠡᠨ ᠵᠠᠰᠠᠵᠤ ᠲᠡᠮᠦᠵᠢᠨ ᠢ᠋ ᠲᠣᠰᠴᠤ ᠪᠠᠢᠯᠳᠤ ᠭᠡᠨ᠎ᠡ᠃
ᠡᠨᠡ ᠦᠭᠡ ᠶ᠋ᠢ ᠰᠣᠨᠣᠰᠤᠭᠠᠳ ᠵᠠᠮᠤᠬ᠎ᠠ ᠥᠨᠳᠡᠢᠵᠦ ᠪᠣᠳᠣᠯ ᠪᠣᠯᠤᠨ ᠰᠠᠭᠤᠪᠠ᠃ᠬᠠᠨᠲᠡᠮᠦᠷ ᠬᠢᠴᠢᠶᠡᠨ ᠬᠦᠯᠢᠶᠡᠭᠡᠳ ᠡᠵᠡᠨ ᠨᠢ ᠳᠠᠬᠢᠨ ᠦᠭᠡ ᠬᠡᠯᠡᠭᠡ ᠦᠭᠡᠢ ᠲᠤᠯᠠ ᠬᠣᠯᠠᠳᠴᠠᠢ᠃ᠰᠥᠨᠢ ᠪᠣᠯᠵᠤ ᠲᠡᠭᠷᠢ ᠪᠦᠷᠬᠦᠭᠰᠡᠨ ᠴᠦ᠍ ᠴᠠᠰᠤ ᠣᠷᠣᠭᠰᠠᠨ ᠦᠭᠡᠢ᠃ᠬᠠᠷᠢᠨ ᠨᠠᠬᠤ ᠪᠠᠶᠠᠨ ᠤ᠋ ᠬᠥᠨᠳᠡᠢ ᠳᠦᠭᠦᠷᠡᠩ ᠲᠦᠳᠡᠭ ᠦ᠋ᠨ ᠭᠡᠷᠡᠯ ᠠᠰᠠᠭᠰᠠᠨ ᠭᠠᠵᠠᠷ ᠨᠢ ᠲᠡᠷᠡ ᠴᠢᠭ ᠢ᠋ᠶ᠋ᠡᠷ ᠰᠢᠳᠡᠵᠦ ᠪᠠᠢᠬᠤ ᠰᠢᠭ᠋ ᠦᠵᠡᠭᠳᠡᠨ᠎ᠡ᠃ᠲᠡᠮᠦᠵᠢᠨ ᠦ᠌ ᠴᠡᠷᠢᠭ ᠠᠯᠢ ᠡᠷᠲᠡ ᠨᠡᠬᠡᠨ ᠢᠷᠡᠭᠡᠳ ᠰᠠᠬᠢᠨ ᠪᠠᠭᠤᠭᠰᠠᠨ ᠨᠢ ᠡᠨᠡ ᠠᠵᠢ᠃ᠶᠠᠭᠠᠬᠢᠵᠤ ᠡᠢᠮᠦ ᠬᠤᠷᠳᠤᠨ ᠭᠦᠢᠴᠡᠨ ᠢᠷᠡᠭᠰᠡᠨ ᠢ᠋ ᠵᠠᠮᠤᠬ᠎ᠠ ᠴᠤ᠌ ᠭᠠᠢᠬᠠᠪᠠ᠃ᠲᠡᠮᠦᠵᠢᠨ ᠦ᠌ ᠬᠥᠩᠭᠡᠨ ᠮᠣᠷᠢᠲᠤ ᠴᠡᠷᠢᠭ ᠬᠥᠲᠥᠯᠦᠭᠡ ᠮᠣᠷᠢ ᠲᠠᠢ ᠳᠣᠪᠲᠣᠯᠭᠠᠭᠰᠠᠭᠠᠷ ᠲᠡᠳᠡᠨ ᠢ᠋ ᠭᠡᠵᠢᠭᠡ ᠳᠠᠷᠤᠨ ᠢᠷᠡᠵᠦ ᠬᠠᠰᠠᠷ ᠤ᠋ᠨ ᠲᠤᠰᠢᠶᠠᠭᠰᠠᠨ ᠶᠣᠰᠣᠭᠠᠷ ᠬᠥᠮᠦᠨ ᠪᠦᠷᠢ ᠲᠠᠪᠤᠨ ᠬᠡᠰᠡᠭ ᠲᠦᠳᠡᠭ ᠭᠠᠯ ᠠᠰᠠᠭᠠᠭᠰᠠᠨ ᠨᠢ ᠢᠩᠭᠢᠵᠦ ᠬᠥᠨᠳᠡᠢ ᠳᠦᠭᠦᠷᠴᠦ ᠬᠠᠷᠠᠭᠳᠠᠭᠰᠠᠨ ᠪᠠᠢᠪᠠ᠃ᠳᠠᠶᠠᠨ ᠬᠠᠨ ᠵᠢᠷᠦᠬᠡ ᠨᠢ ᠳᠡᠯᠡᠰᠦᠨ ᠠᠶᠤᠵᠤ ᠵᠠᠮᠤᠬ᠎ᠠ ᠶ᠋ᠢᠨ ᠳᠡᠷᠭᠡᠳᠡ ᠳᠠᠪᠬᠢᠨ ᠢᠷᠡᠪᠡ᠃ᠳᠠᠶᠠᠨ ᠬᠠᠨ ᠤ᠋ ᠱᠣᠩᠬᠣᠷ ᠤ᠋ᠨ ᠳᠦᠷᠰᠦᠲᠦ ᠰᠦᠯᠳᠡ ᠲᠡᠢ ᠠᠯᠲᠠᠨ ᠳᠤᠭᠤᠯᠠᠭ᠎ᠠ ᠨᠢ ᠬᠠᠵᠠᠢᠵᠤ᠂ ᠬᠦ ᠬᠤᠶᠠᠭ᠂ ᠰᠡᠯᠡᠮᠡᠨ ᠳ᠋ᠡᠭᠡᠨ ᠲᠦᠦᠷᠲᠦᠭᠰᠡᠨ ᠲᠡᠭᠦᠨ ᠢ᠋ ᠬᠠᠷᠠᠭᠠᠳ ᠵᠠᠮᠤᠬ᠎ᠠ ᠳᠣᠭᠣᠭᠢᠯᠠᠨ ᠢᠨᠢᠶᠡᠮᠰᠦᠭᠯᠡᠪᠡ᠃ᠡᠨᠡ ᠳᠠᠶᠠᠨ ᠬᠠᠨ ᠬᠣᠭᠣᠰᠣᠨ ᠠᠮᠠ᠂ ᠬᠡᠢ ᠰᠦᠷ ᠡᠴᠡ ᠴᠠᠭᠠᠰᠢ ᠦᠭᠡᠢ ᠠᠮᠢᠲᠠᠨ ᠨᠢ ᠢᠯᠡᠳᠲᠡ ᠠᠵᠢ᠃ᠲᠡᠢᠮᠦ ᠪᠢᠰᠢ ᠪᠣᠯ ᠶᠠᠭᠤ ᠪᠣᠯᠤᠯ᠎ᠠ ᠭᠡᠳ ᠲᠡᠮᠦᠵᠢᠨ ᠦ᠌ ᠡᠮᠦᠨ᠎ᠡ ᠥᠪᠡᠷ ᠢ᠋ᠶ᠋ᠡᠨ ᠭᠦᠶᠦᠵᠦ ᠢᠷᠡᠬᠦ ᠪᠢᠯᠡ᠃ᠠᠯᠲᠠᠢ ᠶ᠋ᠢᠨ ᠨᠢᠷᠤᠭᠤᠨ ᠤ᠋ ᠴᠠᠭᠠᠨ᠎ᠠ ᠨᠠᠢ᠍ᠮᠠᠨ ᠤᠯᠤᠰ ᠲᠠᠭᠠᠨ ᠰᠠᠭᠤᠵᠤ ᠪᠠᠢᠭᠰᠠᠨ ᠪᠣᠯ ᠲᠡᠮᠦᠵᠢᠨ ᠲᠡᠭᠦᠨ ᠢ᠋ ᠳᠣᠪᠲᠣᠯᠲᠠᠯᠠ ᠪᠠᠰᠠ ᠵᠠᠢᠲᠠᠢ᠂ ᠬᠡᠳᠦᠨ ᠵᠢᠯ ᠴᠦ᠍ ᠪᠣᠯᠵᠤ ᠮᠡᠳᠡᠬᠦ ᠪᠢᠯᠡ᠃ᠳᠠᠢᠰᠤᠨ ᠤ᠋ ᠪᠠᠨ ᠬᠦᠴᠦ ᠶ᠋ᠢ ᠳᠤᠲᠠᠭᠤ ᠦᠨᠡᠯᠡᠵᠦ ᠴᠠᠭ ᠢ᠋ᠶ᠋ᠠᠨ ᠣᠯᠬᠤ ᠦᠭᠡᠢ ᠳᠣᠪᠲᠣᠯᠤᠭᠰᠠᠨ ᠡᠴᠡ ᠤᠯᠤᠰ ᠢ᠋ᠶ᠋ᠠᠨ ᠦᠷᠡᠵᠦ ᠲᠡᠮᠦᠵᠢᠨ ᠦ᠌ ᠪᠡᠯᠡᠨ ᠰᠠᠢᠬᠠᠨ ᠵᠠᠭᠤᠰᠢ ᠪᠣᠯᠵᠠᠢ᠃ᠭᠡᠪᠡᠴᠦ ᠡᠨᠡ ᠪᠦᠭᠦᠳᠡ ᠶ᠋ᠢ ᠳᠠᠶᠠᠨ ᠬᠠᠨ ᠳ᠋ᠤ᠌ ᠶᠠᠭᠠᠬᠢᠵᠤ ᠬᠡᠯᠡᠬᠦ ᠪᠢᠯᠡ᠃ᠳᠠᠶᠠᠨ ᠬᠠᠨ ᠰᠢᠭ᠋ ᠬᠥᠮᠦᠨ ᠥᠪᠡᠷ ᠦ᠋ᠨ ᠠᠯᠳᠠᠭ᠎ᠠ ᠳᠤᠲᠠᠭᠳᠠᠯ ᠢ᠋ ᠦᠬᠦᠵᠦ ᠪᠠᠢᠵᠤ ᠰᠠᠶᠢ ᠣᠢᠯᠠᠭᠠᠬᠤ ᠪᠢᠵᠡ ᠠ᠋᠃
— ᠵᠠᠮᠤᠬ᠎ᠠ ᠠ᠋᠃ᠴᠢ ᠲᠡᠮᠦᠵᠢᠨ ᠦ᠌ ᠵᠠᠩ ᠢ᠋ ᠮᠡᠳᠡᠨ᠎ᠡ᠃ᠪᠠᠭᠠᠲᠤᠷ ᠤ᠋ᠳ ᠢ᠋ ᠨᠢ ᠲᠠᠨᠢᠨ᠎ᠠ᠃ᠴᠢ ᠮᠢᠨᠦ ᠴᠡᠷᠢᠭ ᠢ᠋ ᠤᠳᠤᠷᠢᠳᠤᠨ ᠪᠠᠢᠯᠳᠤᠭᠲᠤᠨ ᠭᠡᠵᠦ ᠳᠠᠶᠠᠨ ᠬᠠᠨ ᠬᠡᠯᠡᠵᠡᠢ᠃ᠵᠠᠮᠤᠬ᠎ᠠ ᠳᠠᠶᠠᠨ ᠬᠠᠨ ᠤ᠋ ᠦᠭᠡ ᠶ᠋ᠢ ᠵᠥᠪᠰᠢᠶᠡᠷᠡᠵᠦ ᠲᠡᠭᠦᠨ ᠢ᠋ ᠶᠠᠪᠤᠭᠤᠯᠤᠭᠠᠳ ᠥᠪᠡᠷ ᠦ᠋ᠨ ᠴᠥᠭᠡᠨ ᠴᠡᠷᠢᠭ ᠢ᠋ᠶ᠋ᠡᠨ ᠳᠣᠯᠣᠭᠠᠨ ᠳ᠋ᠤ᠌ ᠪᠡᠯᠡᠳᠬᠡᠬᠦ ᠵᠠᠷᠯᠢᠭ ᠪᠠᠭᠤᠯᠭᠠᠭᠠᠳ ᠬᠠᠡᠳᠡᠮᠦᠷ ᠢ᠋ ᠳᠡᠷᠭᠡᠳᠡ ᠪᠡᠨ ᠳᠠᠭᠤᠳᠠᠨ ᠢᠷᠡᠭᠦᠯᠪᠡ᠃ᠬᠠᠡᠳᠡᠮᠥᠷ ᠡᠵᠡᠨ ᠦ᠌ ᠪᠡᠨ ᠶᠠᠮᠠᠷ ᠵᠠᠷᠯᠢᠭ ᠪᠠᠭᠤᠯᠭᠠᠬᠤ ᠶ᠋ᠢ ᠬᠦᠯᠢᠶᠡᠨ ᠮᠢᠬ᠎ᠠ ᠵᠤᠯᠭᠠᠭᠠᠵᠤ ᠵᠣᠭᠰᠣᠪᠠ᠃ᠲᠡᠷᠡ ᠤᠭ ᠡᠴᠡ ᠦᠷᠭᠦᠯᠵᠢ ᠠᠮᠠ ᠬᠠᠭᠤᠷᠠᠢ ᠦᠭᠡᠢ ᠬᠡᠪᠢᠵᠦ ᠶᠠᠪᠤᠳᠠᠭ ᠮᠠᠭᠤ ᠵᠠᠩ ᠲᠠᠢ ᠪᠢᠯᠡ᠃ᠵᠠᠮᠤᠬ᠎ᠠ ᠡᠵᠡᠨ ᠨᠢ ᠲᠡᠮᠦᠵᠢᠨ ᠲᠡᠢ ᠬᠠᠯᠵᠠ ᠲᠤᠯᠤᠨ ᠦᠬᠦᠬᠦ ᠰᠡᠬᠡᠬᠦ ᠪᠡᠨ ᠦᠵᠡᠬᠦ ᠪᠡᠷ ᠰᠢᠢᠳᠴᠡᠢ ᠭᠡᠵᠦ ᠪᠣᠳᠣᠪᠠ᠃
— ᠬᠠᠨᠲᠡᠮᠥᠷ ᠴᠢ ᠰᠠᠮ ᠮᠣᠷᠳᠠ᠃ ᠲᠡᠮᠦᠵᠢᠨ ᠦ᠌ ᠬᠦᠷᠢᠶᠡᠨ ᠳ᠋ᠦ᠍ ᠣᠴᠢ᠃
ᠡᠨᠡ ᠦᠭᠡ ᠶ᠋ᠢ ᠰᠣᠨᠣᠰᠤᠩᠭᠤᠲᠠ ᠬᠠᠡᠲᠡᠮᠥᠷ ᠵᠠᠵᠢᠯᠵᠤ ᠪᠠᠢᠭᠰᠠᠨ ᠮᠢᠬ᠎ᠠ ᠪᠠᠨ ᠠᠮᠠᠨ ᠡᠴᠡ ᠪᠠᠨ ᠮᠤᠯᠲᠤᠷᠠᠵᠤ ᠤᠨᠠᠲᠠᠯ᠎ᠠ ᠠᠯᠮᠠᠢᠷᠠᠵᠤ ᠣᠷᠬᠢᠵᠠᠢ᠃ ᠭᠡᠪᠡᠴᠦ ᠥᠨᠥᠬᠢ ᠯᠡ ᠦᠭᠡ ᠳᠠᠭᠤ ᠦᠭᠡᠢ ᠪᠠᠢᠵᠤ
ᠰᠤᠷᠤᠭᠰᠠᠨ ᠵᠠᠩ ᠢ᠋ᠶ᠋ᠠᠷ ᠢ᠋ᠶ᠋ᠠᠨ ᠲᠡᠷᠡ ᠶᠠᠭᠤ ᠴᠤ᠌ ᠦᠯᠦ ᠠᠰᠠᠭᠤᠪᠠ ᠃ ᠵᠠᠮᠤᠬ᠎ᠠ ᠴᠢ ᠳᠠᠷᠠᠭ᠎ᠠ ᠶ᠋ᠢᠨ ᠦᠭᠡ ᠪᠡᠨ ᠬᠡᠯᠡᠬᠦ ᠶ᠋ᠢᠨ ᠡᠮᠦᠨ᠎ᠡ ᠳᠠᠬᠢᠨ ᠭᠦᠢᠴᠡᠭᠡᠨ ᠲᠤᠩᠭᠠᠵᠤ ᠥᠪᠡᠷ ᠦ᠋ᠨ ᠵᠥᠪ ᠭᠡᠳᠡᠭ ᠲᠦ᠍ ᠡᠷᠡᠭᠡᠯᠵᠡᠭᠡ ᠦᠭᠡᠢ ᠢᠲᠡᠭᠡᠬᠦ ᠬᠡᠷᠡᠭᠲᠡᠢ ᠪᠠᠢᠯ᠎ᠠ᠃ ᠡᠨᠡ ᠪᠣᠯ ᠰᠡᠭᠦᠯ ᠦ᠋ᠨ ᠬᠡᠳᠦᠨ ᠬᠣᠨᠣᠭ ᠲᠡᠭᠦᠨ ᠦ᠌ ᠲᠣᠯᠣᠭᠠᠢ ᠪᠠᠨ ᠭᠠᠰᠢᠯᠭᠠᠨ ᠪᠣᠳᠣᠭᠰᠠᠨ ᠣᠯᠠᠨ ᠠᠰᠠᠭᠤᠯᠲᠠ ᠶ᠋ᠢᠨ ᠨᠢᠭᠡᠨ ᠦ᠌ ᠬᠢᠨᠢ ᠬᠠᠷᠢᠭᠤ ᠪᠣᠯᠬᠤ ᠶᠤᠮ ᠃ ᠵᠠᠮᠤᠬ᠎ᠠ ᠮᠠᠷᠭᠠᠰᠢ ᠥᠷᠯᠥᠭᠡ ᠠᠮᠢᠳᠤᠷᠠᠯ ᠤ᠋ᠨ ᠢ᠋ᠶ᠋ᠠᠨ ᠰᠡᠭᠦᠯᠴᠢ ᠶ᠋ᠢᠨ ᠳᠣᠯᠣᠭᠠᠨ ᠢ᠋ ᠬᠢᠬᠦ ᠴᠠᠭ ᠢᠷᠡᠭᠰᠡᠨ ᠢ᠋ ᠭᠠᠳᠠᠷᠯᠠᠵᠤ ᠪᠠᠢᠪᠠ ᠃ ᠭᠡᠪᠡᠴᠦ ᠲᠡᠷᠡ ᠣᠭᠲᠣ ᠥᠭᠡᠷ᠎ᠡ ᠰᠠᠨᠠᠭ᠎ᠠ ᠰᠡᠳᠦᠵᠦ ᠪᠠᠢᠯ᠎ᠠ ᠃ᠲᠡᠮᠦᠵᠢᠨ ᠤᠭ ᠨᠢ ᠲᠡᠭᠦᠨ ᠳ᠋ᠦ᠍ ᠬᠠᠷ᠎ᠠ ᠪᠠᠭ᠎ᠠ ᠡᠴᠡ ᠶᠡᠬᠡ ᠯᠡ ᠠᠶᠠᠲᠠᠢ ᠰᠠᠢᠨ ᠢ᠋ᠶ᠋ᠠᠷ ᠂ ᠪᠦᠷ ᠬᠦᠨᠳᠦᠳᠬᠡᠯ ᠲᠡᠢ ᠪᠡᠷ ᠬᠠᠨᠳᠤᠳᠠᠭ ᠪᠠᠢᠭᠰᠠᠨ ᠢ᠋ ᠶᠠᠭᠠᠬᠢᠵᠤ ᠮᠠᠷᠲᠠᠨ᠎ᠠ᠃ ᠲᠡᠢᠮᠦ ᠪᠣᠯᠬᠣᠷ ᠵᠠᠮᠤᠬ᠎ᠠ ᠡᠨᠡ ᠤᠳᠠᠭ᠎ᠠ ᠳ᠋ᠤ᠌ ᠴᠤ᠌ ᠭᠡᠰᠡᠨ ᠲᠡᠮᠦᠵᠢᠨ ᠳ᠋ᠦ᠍ ᠥᠪᠡᠷ ᠢ᠋ ᠪᠡᠨ ᠪᠠᠰᠠ ᠰᠠᠢᠨ ᠢ᠋ᠶ᠋ᠠᠷ ᠳᠤᠷᠠᠰᠤᠭᠤᠯᠬᠤ ᠶ᠋ᠢ ᠬᠦᠰᠡᠵᠡᠢ᠃ ᠬᠠᠮᠢᠭᠠᠰᠢ ᠳ᠋ᠠᠭᠠᠨ ᠨᠢᠭᠡ ᠯᠡ ᠠᠮᠢᠳᠤᠷᠠᠵᠤ ᠥᠩᠭᠡᠷᠡᠬᠦ ᠬᠣᠷᠸ᠎ᠠ ᠲᠤᠯᠠ ᠠᠷᠤ ᠳ᠋ᠤ᠌ ᠦᠯᠡᠳᠡᠭᠰᠡᠳ ᠲᠡᠭᠡᠨ ᠰᠠᠢᠬᠠᠨ ᠰᠡᠳᠬᠢᠭᠳᠡᠯ ᠳᠤᠷᠠᠰᠤᠮᠵᠢ ᠦᠯᠡᠳᠡᠭᠡᠬᠦ ᠭᠡᠵᠦ ᠬᠦᠰᠡᠬᠦ ᠨᠢ ᠶᠠᠭᠤ ᠨᠢ ᠮᠠᠭᠤ ᠪᠠᠢᠬᠤ ᠪᠢᠯᠡ᠃ ᠪᠠᠰᠠ ᠪᠥᠷᠲᠡ ᠶ᠋ᠢᠨ ᠰᠡᠳᠬᠢᠯ ᠳ᠋ᠦ᠍ ᠰᠠᠢᠨ ᠢ᠋ᠶ᠋ᠠᠷ ᠳᠤᠷᠠᠰᠤᠭᠳᠠᠵᠤ ᠦᠯᠡᠳᠡᠬᠦ ᠶ᠋ᠢ ᠴᠦ᠍ ᠬᠦᠰᠡᠪᠡ᠃ ᠢᠩᠭᠢᠬᠦ ᠤᠴᠢᠷ ᠪᠠᠰᠠ ᠪᠠᠢᠭᠰᠠᠨ ᠶᠤᠮ᠃
ᠪᠥᠷᠲᠡ ᠮᠡᠷᠭᠢᠳ ᠦ᠋ᠨ ᠴᠢᠯᠭᠡᠷ ᠪᠥᠬᠡ ᠳ᠋ᠦ᠍ ᠪᠤᠯᠢᠶᠠᠭᠳᠠᠨ ᠣᠴᠢᠭᠰᠠᠨ ᠤ᠋ ᠬᠣᠢᠨ᠎ᠠ ᠴᠣᠬᠣᠮ ᠲᠡᠭᠦᠨ ᠦ᠌ ᠢᠩᠭᠢᠵᠦ ᠪᠤᠯᠢᠶᠠᠭᠳᠠᠭᠰᠠᠨ ᠨᠢ ᠵᠠᠮᠤᠬ᠎ᠠ ᠲᠠᠢ ᠬᠣᠯᠪᠣᠭ᠎ᠠ ᠲᠠᠢ ᠪᠣᠯᠬᠤ ᠶ᠋ᠢ ᠳᠠᠮ ᠬᠥᠮᠦᠨ ᠦ᠌ ᠠᠮᠠᠨ ᠡᠴᠡ ᠰᠠᠮ ᠰᠣᠨᠣᠰᠤᠭᠰᠠᠨ ᠠᠵᠢ᠃ ᠭᠡᠪᠡᠴᠦ ᠡᠭᠦᠨ ᠳ᠋ᠦ᠍ ᠢᠲᠡᠭᠡᠭᠰᠡᠨ ᠦᠭᠡᠢ ᠠᠲᠠᠯ᠎ᠠ ᠡᠮ᠎ᠡ ᠬᠥᠮᠦᠨ ᠦ᠌ ᠶᠣᠰᠣᠭᠠᠷ ᠡᠨᠡ ᠬᠣᠪ ᠢ᠋ ᠰᠡᠳᠬᠢᠯ ᠦ᠋ᠨ ᠢ᠋ᠶ᠋ᠡᠨ ᠮᠤᠬᠤᠷ ᠲᠤ᠌ ᠬᠡᠵᠢᠶ᠎ᠡ ᠴᠦ᠍ ᠮᠠᠷᠲᠠᠬᠤ ᠦᠭᠡᠢ ᠪᠡᠷ ᠬᠠᠳᠠᠭᠠᠯᠠᠨ ᠦᠯᠡᠳᠡᠵᠡᠢ᠃ ᠲᠡᠢᠮᠦ ᠴᠦ᠍ ᠤᠴᠢᠷ ᠡᠴᠡ ᠵᠠᠮᠤᠬ᠎ᠠ ᠶ᠋ᠢ ᠶᠡᠬᠡ ᠯᠡ ᠰᠡᠵᠢᠭᠯᠡᠩᠭᠦᠢ ᠪᠡᠷ ᠬᠠᠷᠠᠳᠠᠭ ᠨᠢ ᠮᠡᠳᠡᠷᠡᠭᠳᠡᠨ᠎ᠡ ᠃ ᠭᠡᠮᠲᠦ ᠬᠥᠮᠦᠨ ᠬᠡᠯᠪᠡᠯᠵᠡᠨ᠎ᠡ ᠭᠡᠭᠴᠢ ᠪᠡᠷ ᠪᠥᠷᠲᠡ ᠶ᠋ᠢᠨ ᠳᠠᠯᠳᠠ ᠰᠡᠵᠢᠭᠯᠡᠯ ᠵᠠᠮᠤᠬ᠎ᠠ ᠳ᠋ᠤ᠌ ᠴᠤ᠌ ᠡᠪ ᠦᠭᠡᠢ ᠲᠤᠯᠠ 《ᠲᠡᠮᠦᠵᠢᠨ ᠮᠡᠳᠡᠪᠡᠯ ᠶᠠᠭᠠᠬᠢᠨ᠎ᠠ》ᠭᠡᠰᠡᠨ ᠲᠦᠭᠰᠢᠭᠦᠷᠢ ᠰᠡᠳᠬᠢᠯ ᠳ᠋ᠦ᠍ᠨᠢ ᠤᠶᠠᠭᠠᠲᠠᠢ ᠶᠠᠪᠤᠳᠠᠭ ᠪᠠᠢᠯ᠎ᠠ᠃ ᠪᠥᠷᠲᠡ ᠶ᠋ᠢ ᠮᠡᠷᠭᠢᠳ ᠡᠴᠡ ᠪᠤᠯᠢᠶᠠᠨ ᠠᠪᠤᠭᠰᠠᠨ ᠤ᠋ ᠬᠣᠢᠨ᠎ᠠ ᠵᠠᠮᠤᠬ᠎ᠠ᠂ ᠲᠡᠮᠦᠵᠢᠨ ᠦ᠌ ᠬᠠᠮᠲᠤ ᠨᠢᠭᠡ ᠬᠦᠷᠢᠶᠡᠨ ᠳ᠋ᠦ᠍ ᠵᠢᠯ ᠭᠠᠷᠤᠢ ᠨᠠᠢᠷᠰᠠᠨ ᠰᠠᠭᠤᠭᠰᠠᠨ ᠶᠤᠮ᠃ ᠡᠨᠡ ᠨᠢ ᠲᠡᠳᠡ ᠠᠨᠳᠠ ᠶ᠋ᠢᠨ ᠲᠠᠩᠭᠠᠷᠢᠭ ᠢ᠋ᠶ᠋ᠠᠨ ᠪᠠᠲᠤᠯᠠᠬᠤ ᠶ᠋ᠢ ᠬᠦᠰᠡᠭᠰᠡᠨ ᠦ᠌ ᠬᠢ ᠪᠠᠰᠠ ᠪᠥᠷᠲᠡ ᠶ᠋ᠢᠨ ᠳᠠᠯᠳᠠ ᠰᠡᠵᠢᠭ ᠢ᠋ ᠢᠯᠭᠠᠷᠠᠰᠢᠷᠠᠭᠤᠯᠬᠤ ᠭᠡᠵᠦ ᠰᠠᠨᠠᠭᠰᠠᠨ ᠤ᠋ ᠬᠢ ᠪᠠᠢᠪᠠ᠃ ᠮᠡᠷᠭᠢᠳ ᠦ᠋ᠨ ᠰᠠᠪᠠᠷ ᠡᠴᠡ ᠠᠪᠤᠷᠠᠵᠤ ᠲᠤᠰᠠ ᠪᠣᠯᠤᠭᠰᠠᠨ ᠵᠠᠮᠤᠬ᠎ᠠ ᠶ᠋ᠢ ᠤᠯᠠᠢᠮ᠎ᠠ ᠴᠠᠢᠮ᠎ᠠ ᠬᠠᠷᠠᠳᠠᠵᠤ ᠰᠡᠷᠡᠳᠡᠬᠦ ᠨᠢ ᠵᠣᠬᠢᠰ ᠦᠭᠡᠢ ᠲᠤᠯᠠ ᠪᠥᠷᠲᠡ ᠥᠪᠡᠷ ᠦ᠋ᠨ ᠰᠡᠵᠢᠭ ᠢ᠋ ᠳᠣᠲᠣᠷ᠎ᠠ ᠪᠠᠨ ᠬᠦᠴᠦ ᠪᠡᠷ ᠨᠢᠭᠤᠨ ᠮᠠᠷᠲᠠᠩᠨᠠᠭᠰᠠᠨ ᠴᠤ᠌ ᠲᠤᠯᠭᠠᠷᠠᠬᠤ ᠪᠦᠷᠢ ᠬᠠᠷᠠᠴᠠ ᠳᠠᠯᠳᠢᠴᠢᠬᠤ ᠵᠠᠮᠤᠬ᠎ᠠ ᠶ᠋ᠢᠨ ᠪᠠᠢᠳᠠᠯ ᠭᠠᠢᠬᠠᠰᠢᠷᠠᠯ ᠢ᠋ ᠨᠢ ᠲᠥᠷᠥᠭᠦᠯᠦᠭᠰᠡᠭᠡᠷ ᠪᠠᠢᠵᠠᠢ᠃ ᠡᠨᠡ ᠨᠢᠭᠤᠴᠠᠯᠢᠭ᠂ ᠳᠠᠯᠳᠠ ᠬᠠᠷᠠᠳᠠᠯᠭ᠎ᠠ ᠶ᠋ᠢᠨ ᠲᠠᠢᠯᠤᠯ ᠨᠢ ᠵᠠᠮᠤᠬ᠎ᠠ ᠶ᠋ᠢᠨ ᠵᠦᠭᠡᠷ ᠯᠡ ᠮᠠᠯ ᠤ᠋ᠨ ᠪᠡᠯᠴᠢᠭᠡᠷ ᠪᠣᠳᠣᠵᠤ ᠬᠡᠯᠡᠭᠰᠡᠨ ᠦᠭᠡ ᠪᠣᠯᠤᠭᠰᠠᠨ ᠪᠢᠯᠡ᠃ ᠠᠳᠤᠭᠤ᠂ ᠬᠣᠨᠢ ᠬᠣᠶᠠᠷ ᠤ᠋ᠨ ᠬᠥᠯ᠂ ᠪᠡᠯᠴᠢᠭᠡᠷ ᠲᠠᠭᠠᠷᠠᠬᠤ ᠦᠭᠡᠢ ᠨᠢ ᠲᠡᠳᠡᠨ ᠢ᠋ ᠨᠢᠭᠡ ᠳᠣᠣᠷ᠎ᠠ ᠤᠳᠠᠭᠠᠨ ᠠᠮᠢᠳᠤᠷᠠᠬᠤ ᠳ᠋ᠤ᠌ ᠲᠦᠪᠡᠭᠲᠡᠢ ᠪᠣᠯᠭᠠᠵᠤ ᠠᠯᠪᠠᠲᠤ᠂ ᠰᠢᠳᠠᠷ ᠤ᠋ᠳ ᠨᠢ ᠪᠡᠯᠴᠢᠭᠡᠷ ᠰᠡᠯᠭᠦᠨ ᠠᠭᠤᠯᠠ ᠪᠠᠷᠠᠭᠠᠳᠠᠨ ᠨᠡᠭᠦᠬᠦ ᠶ᠋ᠢ ᠤᠳᠠᠭ᠎ᠠ ᠳᠠᠷᠠᠭ᠎ᠠ ᠱᠠᠭᠠᠷᠳᠠᠭᠰᠠᠨ ᠲᠤᠯᠠ ᠵᠠᠮᠤᠬ᠎ᠠ ᠠᠮᠢᠳᠤᠷᠠᠯ ᠤ᠋ᠨ ᠡᠨᠡ ᠵᠢᠷ ᠦ᠋ᠨ ᠦᠨᠡᠨ ᠳ᠋ᠦ᠍ ᠭᠦᠢᠴᠡᠭᠳᠡᠨ《ᠮᠠᠯ ᠤ᠋ᠨ ᠢ᠋ᠶ᠋ᠠᠨ ᠪᠡᠯᠴᠢᠭᠡᠷ ᠢ᠋ ᠳᠠᠭᠠᠵᠤ ᠰᠠᠯᠵᠤ ᠨᠡᠭᠦᠶ᠎ᠡ》 ᠭᠡᠰᠡᠨ ᠦᠭᠡ ᠶ᠋ᠢ ᠲᠡᠮᠦᠵᠢᠨ ᠳ᠋ᠦ᠍ ᠲᠦᠷᠦᠭᠦᠯᠡᠨ ᠬᠡᠯᠡᠬᠦ ᠳ᠋ᠦ᠍ ᠬᠦᠷᠭᠡᠵᠡᠢ᠃ ᠰᠢᠯᠦᠭ ᠬᠡᠯᠬᠢᠨ ᠴᠡᠴᠡᠨ ᠢ᠋ᠶ᠋ᠡᠷ ᠥᠭᠦᠯᠡᠬᠦ ᠳ᠋ᠡᠭᠡᠨ ᠭᠠᠷᠮᠠᠭᠠᠢ ᠵᠠᠮᠤᠬ᠎ᠠ ᠡᠨᠡ ᠤᠳᠠᠭ᠎ᠠ ᠳ᠋ᠤ᠌ ᠴᠤ᠌ ᠮᠥᠨ ᠲᠡᠷᠡ ᠵᠠᠩ ᠢ᠋ᠶ᠋ᠠᠷ
— ᠲᠡᠮᠦᠵᠢᠨ ᠠᠨᠳᠠ ᠠ᠋
ᠠᠭᠤᠯᠠᠨ ᠳ᠋ᠤ᠌ ᠰᠢᠬᠠᠵᠤ ᠪᠠᠭᠤᠶ᠎ᠠ
ᠤᠷᠭᠠᠴᠢᠨ ᠴᠡᠯᠮᠡᠴᠢᠨ ᠳ᠋ᠦ᠍ ᠭᠡᠷ ᠪᠣᠯᠲᠤᠭᠠᠢ
ᠠᠢ ᠵᠥᠪ ᠤᠤ
ᠭᠣᠣᠯ ᠳ᠋ᠤ᠌ ᠰᠢᠬᠠᠵᠤ ᠪᠠᠭᠤᠶ᠎ᠠ
ᠬᠣᠨᠢᠴᠢᠨ ᠬᠤᠷᠠᠭᠠᠴᠢᠨ ᠳ᠋ᠤ᠌ ᠬᠣᠭᠣᠯᠠ ᠪᠣᠯᠲᠤᠭᠠᠢ
ᠬᠣᠷᠢᠭ ᠦᠭᠡᠢ ᠪᠢᠰᠢ ᠤᠤ ᠭᠡᠵᠡᠢ᠃ᠲᠡᠷᠡ ᠡᠳᠦᠷ ᠲᠡᠮᠦᠵᠢᠨ ᠵᠠᠮᠤᠬ᠎ᠠ ᠬᠣᠶᠠᠷ ᠤ᠋ᠨ ᠨᠡᠢᠯᠡᠭᠰᠡᠨ ᠶᠡᠬᠡ ᠨᠡᠭᠦᠳᠡᠯ ᠬᠡᠷᠦᠯᠦᠨ ᠮᠥᠷᠡᠨ ᠢ᠋ ᠥᠭᠰᠥᠨ ᠳᠡᠯᠢᠭᠦᠨ ᠪᠣᠯᠳᠣᠭ ᠡᠴᠡ ᠬᠣᠢᠰᠢ ᠠᠭᠤᠯᠠ ᠨᠡᠭᠦᠬᠦ ᠮᠡᠲᠦ ᠬᠥᠳᠡᠯᠵᠦ ᠶᠠᠳᠠᠵᠤ ᠪᠠᠢᠪᠠ᠃ ᠦᠬᠡᠷ᠂ ᠠᠳᠤᠭᠤ᠂ ᠬᠣᠨᠢ ᠪᠠᠭᠰᠢᠷᠠᠵᠤ ᠡᠢᠮᠦ ᠣᠯᠠᠨ ᠮᠠᠯ ᠤ᠋ᠨ ᠬᠥᠯ ᠢ᠋ᠶ᠋ᠡᠷ ᠨᠣᠭᠣᠭᠠᠨ ᠵᠦᠯᠭᠡ ᠲᠡᠷᠡ ᠳᠣᠣᠷ᠎ᠠ ᠡᠴᠡ ᠡᠯᠡᠰᠦ ᠰᠢᠷᠣᠢ ᠪᠣᠯᠤᠨ ᠬᠤᠪᠢᠷᠠᠵᠤ ᠪᠠᠢᠬᠤ ᠶ᠋ᠢ ᠦᠵᠡᠭᠡᠳ ᠵᠠᠮᠤᠬ᠎ᠠ ᠢᠩᠭᠢᠵᠦ ᠬᠡᠯᠡᠵᠡᠢ᠃ ᠮᠠᠯ ᠤ᠋ᠨ ᠢᠳᠡᠰᠢ ᠪᠡᠯᠴᠢᠭᠡᠷ ᠬᠣᠮᠰᠠᠳᠠᠵᠤ ᠨᠢᠭᠡ ᠡᠳᠦᠷ ᠪᠣᠯᠪᠠᠴᠤ ᠬᠠᠮᠲᠤ ᠰᠠᠭᠤᠬᠤ ᠳ᠋ᠤ᠌ ᠬᠡᠴᠡᠭᠦᠦ ᠪᠣᠯᠤᠭᠰᠠᠨ ᠨᠢ ᠬᠡᠨ ᠳ᠋ᠦ᠍ ᠴᠦ᠍ ᠢᠯᠡ ᠪᠠᠢᠯ᠎ᠠ᠃ ᠭᠡᠪᠡᠴᠦ ᠤᠭ ᠤ᠋ᠨ ᠳᠠᠯᠳᠠ ᠰᠠᠨᠠᠭ᠎ᠠ ᠲᠠᠢ᠂ ᠰᠡᠵᠢᠭ ᠬᠠᠷ᠎ᠠ ᠶᠡᠬᠡᠲᠡᠢ ᠲᠡᠮᠦᠵᠢᠨ ᠵᠠᠮᠤᠬ᠎ᠠ ᠶ᠋ᠢᠨ ᠡᠨᠡ ᠵᠢᠷ ᠦ᠋ᠨ ᠤᠷᠠᠨ ᠦᠭᠡ ᠶ᠋ᠢ ᠰᠢᠭᠤᠳ ᠣᠢᠯᠠᠭᠠᠵᠤ ᠡᠰᠡ ᠴᠢᠳᠠᠭᠠᠳ ᠡᠬᠡ᠂ ᠡᠬᠡᠨᠡᠷ ᠬᠣᠶᠠᠷ ᠲᠠᠭᠠᠨ ᠬᠡᠯᠡᠭᠰᠡᠨ ᠪᠢᠯᠡ᠃
— ᠵᠠᠮᠤᠬ᠎ᠠ ᠠᠨᠳᠠ ᠶ᠋ᠢ ᠣᠯᠠᠨ ᠰᠠᠨᠠᠭ᠎ᠠ ᠲᠠᠢ ᠭᠡᠳᠡᠭ ᠪᠢᠵᠡ᠃ ᠣᠳᠣ ᠪᠢᠳᠡᠨ ᠡᠴᠡ ᠤᠢᠳᠴᠠᠢ᠃ ᠲᠡᠭᠦᠨ ᠡᠴᠡ ᠰᠠᠯᠵᠤ ᠨᠡᠭᠦᠶ᠎ᠡ ᠭᠡᠵᠦ ᠪᠥᠷᠲᠡ ᠶ᠋ᠢᠨ ᠲᠦᠷᠦᠭᠦᠯᠡᠨ ᠬᠡᠯᠡᠭᠰᠡᠨ ᠨᠢ ᠲᠡᠮᠦᠵᠢᠨ ᠦ᠌ ᠳᠣᠲᠣᠭᠠᠳᠤ ᠪᠣᠳᠣᠯ ᠲᠠᠢ ᠨᠡᠢᠴᠡᠭᠰᠡᠨ ᠲᠤᠯᠠ ᠲᠡᠷᠡ ᠰᠥᠨᠢ ᠪᠡᠨ ᠵᠠᠮᠤᠬ᠎ᠠ ᠶ᠋ᠢ ᠬᠠᠶᠠᠨ ᠨᠡᠭᠦᠵᠦ ᠣᠳᠤᠭᠰᠠᠨ ᠶᠤᠮ᠃ ᠪᠥᠷᠲᠡ ᠢᠩᠭᠢᠵᠦ ᠵᠠᠮᠤᠬ᠎ᠠ ᠶ᠋ᠢ ᠰᠡᠵᠢᠭᠯᠡᠭᠰᠡᠨ ᠦ᠌ ᠪᠡᠨ ᠬᠡᠷᠡᠭ ᠢ᠋ ᠭᠠᠷᠭᠠᠵᠤ ᠲᠡᠮᠦᠵᠢᠨ ᠢ᠋ ᠰᠠᠯᠭᠠᠵᠤ ᠴᠢᠳᠠᠭᠰᠠᠨ ᠳ᠋ᠠᠭᠠᠨ ᠶᠡᠬᠡᠳᠡ ᠬᠥᠬᠢᠨ ᠪᠠᠶᠠᠰᠤᠭᠰᠠᠨ ᠪᠢᠯᠡ᠃ ᠬᠠᠷᠢᠨ ᠪᠥᠷᠲᠡ ᠶ᠋ᠢᠨ ᠡᠨᠡ ᠦᠭᠡ ᠶ᠋ᠢ ᠬᠣᠵᠢᠮ ᠵᠠᠮᠤᠬ᠎ᠠ ᠶ᠋ᠢᠨ ᠲᠠᠩᠨᠠᠭᠤᠯ ᠲᠡᠭᠦᠨ ᠳ᠋ᠦ᠍ ᠬᠡᠯᠡᠵᠡᠢ᠃ ᠲᠡᠮᠦᠵᠢᠨ ᠬᠡᠷᠡᠭ ᠬᠡᠷᠡᠭ ᠦ᠋ᠨ ᠤᠴᠢᠷ ᠢ᠋ ᠳᠤᠩᠭᠠᠯ ᠦᠭᠡᠢ ᠪᠡᠷ ᠡᠮ᠎ᠡ ᠶ᠋ᠢᠨ ᠢ᠋ᠶ᠋ᠡᠨ ᠦᠭᠡᠨ ᠳ᠋ᠦ᠍ ᠣᠷᠣᠵᠤ ᠰᠠᠯᠵᠤ ᠣᠳᠤᠭᠰᠠᠨ ᠪᠢᠯᠡ᠃ ᠬᠠᠷᠢᠨ ᠶᠠᠭᠠᠬᠢᠭᠠᠳ ᠢᠩᠭᠢᠵᠦ ᠬᠡᠯᠡᠬᠦ ᠪᠣᠯᠤᠭᠰᠠᠨ ᠤ᠋ ᠪᠠᠨ ᠴᠠᠭᠠᠳᠤ ᠤᠴᠢᠷ ᠢ᠋ ᠪᠥᠷᠲᠡ ᠲᠡᠮᠦᠵᠢᠨ ᠳ᠋ᠦ᠍ ᠬᠡᠯᠡᠭᠡ ᠦᠭᠡᠢ ᠶᠤᠮ᠃ ᠡᠮ᠎ᠡ ᠬᠥᠮᠦᠨ ᠭᠡᠭᠴᠢ ᠬᠣᠶᠠᠷ ᠡᠷ᠎ᠡ ᠶ᠋ᠢ ᠵᠠᠪᠠᠯ ᠰᠠᠯᠭᠠᠵᠤ ᠳᠠᠢᠰᠤᠩᠨᠠᠭᠤᠯᠬᠤ ᠰᠠᠨᠠᠭ᠎ᠠ ᠮᠥᠩᠬᠡᠳᠡ ᠡᠪᠦᠷᠯᠡᠵᠦ ᠶᠠᠪᠤᠳᠠᠭ ᠳᠤ ᠵᠠᠮᠤᠬ᠎ᠠ ᠢᠲᠡᠭᠡᠨ᠎ᠡ᠃ ᠤᠴᠢᠷ ᠨᠢ ᠲᠡᠭᠦᠨ ᠦ᠌ ᠭᠦᠷᠪᠡᠯᠵᠢᠨ ᠭᠤᠸ᠎ᠠ ᠬᠠᠲᠤᠨ ᠠᠮᠠ ᠯᠠ ᠠᠩᠭᠠᠢᠪᠠᠯ ᠲᠡᠮᠦᠵᠢᠨ ᠢ᠋ ᠨᠢᠭᠡ ᠪᠣᠯ ᠮᠠᠭᠲᠠᠵᠤ᠂ ᠨᠢᠭᠡ ᠪᠣᠯ ᠮᠠᠭᠤᠯᠠᠵᠤ ᠭᠱᠠᠨ ᠵᠠᠭᠤᠷ᠎ᠠ ᠴᠤ᠌ ᠠᠮᠠᠷ ᠵᠠᠶᠠᠭ᠎ᠠ ᠦᠵᠡᠭᠦᠯᠬᠦ ᠦᠭᠡᠢ ᠲᠡᠮᠦᠵᠢᠨ ᠦ᠌ ᠡᠰᠡᠷᠭᠦ ᠥᠳᠥᠭᠡᠨ ᠲᠤᠷᠬᠢᠷᠠᠳᠠᠭ ᠪᠠᠢᠪᠠ᠃ ᠶᠡᠷᠦ ᠡᠴᠡ ᠡᠮᠡᠰ᠂ ᠡᠷᠡᠴᠦᠳ ᠢ᠋ ᠬᠣᠭᠣᠷᠣᠨᠳᠣ ᠪᠠᠨ ᠴᠢᠰᠤ ᠪᠠᠨ ᠤᠷᠤᠰᠬᠠᠨ ᠲᠡᠮᠡᠴᠡᠯᠳᠦᠵᠦ ᠪᠠᠢᠬᠤ ᠶ᠋ᠢ ᠯᠡ ᠬᠦᠰᠡᠳᠡᠭ ᠪᠢᠵᠡ᠃ ᠲᠡᠭᠡᠭᠡᠳ ᠢᠯᠠᠵᠤ ᠳᠡᠢᠯᠦᠭᠰᠡᠨ ᠦ᠌ ᠬᠢᠨᠢ ᠡᠷᠬᠡᠨ ᠳ᠋ᠦ᠍ ᠠᠪᠲᠠᠨ ᠡᠳ᠋ᠯᠡᠭᠦᠯᠵᠦ ᠪᠠᠢᠬᠤ ᠬᠦᠰᠡᠯᠲᠡᠢ ᠪᠠᠢᠳᠠᠭ ᠠᠵᠢ᠃ ᠡᠨᠡ ᠨᠢ ᠲᠡᠳᠡᠨ ᠦ᠌ ᠬᠦᠴᠦ ᠮᠡᠬᠦᠰ᠂ ᠤᠬᠠᠭᠠᠨ ᠪᠣᠭᠣᠨᠢ ᠪᠠᠨ ᠨᠢᠭᠤᠬᠤ᠂ ᠲᠡᠷᠡ ᠬᠦ᠌ ᠳᠤᠲᠠᠭᠤ ᠪᠠᠨ ᠰᠡᠳᠬᠢᠯ ᠳ᠋ᠡᠭᠡᠨ ᠴᠦ᠍ ᠪᠣᠯᠪᠠ ᠨᠥᠬᠥᠬᠦ ᠭᠠᠭᠴᠠ ᠠᠷᠭ᠎ᠠ ᠲᠡᠳᠦᠢ ᠦᠭᠡᠢ ᠢᠵᠠᠭᠤᠷ ᠤ᠋ᠨ ᠠᠳᠤᠭᠤᠰᠤ ᠰᠢᠨᠵᠢ ᠡᠴᠡ ᠨᠢ ᠦᠯᠡᠳᠡᠵᠦ ᠬᠣᠴᠣᠷᠤᠭᠰᠠᠨ ᠮᠠᠭᠤ ᠠᠷᠠᠨᠰᠢᠨ ᠶᠤᠮ᠃
ᠪᠥᠷᠲᠡ ᠬᠡᠳᠦᠢ ᠪᠡᠷ ᠤᠬᠠᠭᠠᠨ ᠵᠠᠷᠤᠵᠤ ᠮᠡᠷᠭᠢᠳ ᠲᠡᠢ ᠨᠢᠭᠤᠴᠠ ᠪᠠᠷ ᠡᠪᠰᠡᠭᠰᠡᠨ ᠵᠠᠮᠤᠬ᠎ᠠ ᠶ᠋ᠢ ᠢᠯᠡᠴᠢᠯᠡᠭᠡ ᠦᠭᠡᠢ ᠴᠦ᠍ ᠲᠡᠭᠦᠨ ᠢ᠋ ᠲᠡᠮᠦᠵᠢᠨ ᠡᠴᠡ ᠰᠠᠯᠭᠠᠭᠰᠠᠨ ᠢ᠋ᠶ᠋ᠠᠷ ᠢ᠋ᠶ᠋ᠠᠨ ᠲᠡᠷᠡ ᠲᠡᠢ ᠲᠡᠷᠡ ᠦᠭᠡᠢ ᠪᠠᠲᠤ ᠪᠡᠬᠢ ᠪᠢᠰᠢ ᠪᠠᠢᠭᠰᠠᠨ ᠡᠷᠲᠡᠨ ᠦ᠌ ᠨᠥᠬᠥᠷᠯᠡᠯ ᠢ᠋ ᠨᠢ ᠡᠴᠦᠰ ᠪᠣᠯᠭᠠᠵᠤ ᠲᠡᠳᠡᠨ ᠢ᠋ ᠥᠷᠢᠰᠦᠯᠳᠦᠨ ᠳᠠᠢᠰᠤᠩᠨᠠᠯᠴᠠᠬᠤ ᠵᠠᠮ ᠳ᠋ᠤ᠌ ᠡᠷᠭᠢᠯᠲᠡ ᠦᠭᠡᠢ ᠲᠦᠯᠬᠢᠭᠰᠡᠨ ᠪᠤᠷᠤᠭᠤᠲᠠᠨ ᠪᠢᠯᠡ᠃ ᠲᠡᠢᠮᠦ ᠪᠣᠯᠬᠣᠷ ᠪᠦᠰᠡᠭᠦᠢ ᠬᠥᠮᠦᠨ ᠢ᠋ ᠬᠦᠴᠦ ᠮᠡᠬᠦᠰ᠂ ᠤᠬᠠᠭᠠᠨ ᠪᠣᠭᠣᠨᠢ ᠭᠡᠵᠦ ᠦᠯᠦ ᠣᠢᠰᠢᠶᠠᠬᠤ ᠨᠢ ᠲᠤᠢᠯ ᠤ᠋ᠨ ᠮᠤᠯᠭᠤ ᠠᠯᠳᠠᠭ᠎ᠠ ᠠᠵᠢ᠃ ᠡᠮᠡᠭᠲᠡᠢ ᠬᠥᠮᠦᠨ ᠳ᠋ᠦ᠍ ᠡᠷ᠎ᠡ ᠬᠥᠮᠦᠨ ᠢ᠋ ᠡᠵᠡᠮᠳᠡᠬᠦ ᠤᠷᠢᠨ ᠲᠠᠴᠢᠶᠠᠯ᠂ ᠦᠵᠡᠰᠬᠦᠯᠡᠩ ᠭᠤᠸ᠎ᠠ ᠭᠡᠬᠦ ᠬᠦᠴᠦᠲᠡᠢ ᠵᠡᠪᠰᠡᠭ ᠪᠣᠢ᠃ ᠪᠠᠰᠠ ᠬᠥᠪᠡᠭᠦᠨ ᠲᠥᠷᠥᠭᠦᠯᠵᠦ ᠬᠡᠵᠢᠶ᠎ᠡ ᠴᠦ᠍ ᠦᠯᠦ ᠲᠠᠰᠤᠷᠠᠬᠤ ᠪᠠᠷ ᠠᠷᠭᠠᠮᠵᠢᠬᠤ ᠤᠴᠢᠷ ᠪᠣᠢ᠃ ᠲᠡᠮᠦᠵᠢᠨ ᠲᠡᠢ ᠬᠠᠷ᠎ᠠ ᠪᠠᠭ᠎ᠠ ᠳ᠋ᠠᠭᠠᠨ ᠲᠠᠯᠪᠢᠭᠰᠠᠨ ᠣᠨᠴᠠᠭᠠᠢ ᠲᠠᠩᠭᠠᠷᠢᠭ ᠡᠪᠳᠡᠷᠡᠬᠦ ᠳ᠋ᠦ᠍ ᠪᠥᠷᠲᠡ᠂ ᠭᠦᠷᠪᠡᠯᠵᠢᠨ ᠭᠤᠸ᠎ᠠ ᠬᠣᠶᠠᠷ ᠤ᠋ᠨ ᠭᠠᠢ ᠪᠠᠭ᠎ᠠ ᠦᠭᠡᠢ ᠣᠷᠣᠯᠴᠠᠭᠰᠠᠨ ᠭᠡᠵᠦ ᠵᠠᠮᠤᠬ᠎ᠠ ᠢᠲᠡᠭᠡᠨ᠎ᠡ᠃ ᠡᠮ᠎ᠡ ᠶ᠋ᠢᠨ ᠢ᠋ᠶ᠋ᠡᠨ ᠦᠭᠡᠨ ᠳ᠋ᠦ᠍ ᠬᠡᠲᠦᠷᠬᠡᠢ ᠠᠪᠲᠠᠭᠰᠠᠨ ᠡᠷ᠎ᠡ ᠬᠡᠵᠢᠶ᠎ᠡ ᠴᠦ᠍ ᠥᠭᠡᠳᠡᠯᠡᠬᠦ ᠦᠭᠡᠢ ᠭᠡᠵᠦ ᠦᠵᠡᠬᠦ ᠲᠤᠯᠠ ᠵᠠᠮᠤᠬ᠎ᠠ ᠡᠮ᠎ᠡ ᠬᠥᠮᠦᠨ ᠢ᠋ ᠦᠯᠦ ᠣᠢᠰᠢᠶᠠᠨᠠ᠃ ᠬᠥᠮᠦᠨ ᠦ᠌ ᠵᠡᠭᠦᠳᠦᠨ ᠳ᠋ᠦ᠍ ᠴᠠᠭᠠᠨ᠎ᠠ ᠪᠠᠨ ᠨᠢᠭᠡ ᠤᠴᠢᠷ ᠪᠣᠢ᠃ ᠶᠠᠮᠠᠷ ᠪᠣᠳᠣᠯ ᠲᠣᠬᠢᠶᠠᠯ ᠤ᠋ᠨ ᠲᠡᠮᠳᠡᠭ ᠭᠡᠷᠡᠴᠢ ᠪᠣᠯᠵᠤ ᠪᠥᠷᠲᠡ ᠲᠡᠭᠦᠨ ᠦ᠌ ᠵᠡᠭᠦᠳᠦᠨ ᠳ᠋ᠦ᠍ ᠣᠷᠣᠭᠰᠠᠨ ᠶᠤᠮ ᠪᠤᠤ ᠮᠡᠳᠡ᠃ ᠮᠠᠭᠠᠳ ᠦᠭᠡᠢ ᠥᠨᠥᠬᠢ ᠬᠦᠷᠲᠡᠯ᠎ᠡ ᠵᠠᠮᠤᠬ᠎ᠠ ᠶ᠋ᠢᠨ ᠰᠡᠳᠬᠢᠯ ᠦ᠋ᠨ ᠮᠤᠬᠤᠷ ᠲᠤ᠌ ᠠᠭᠤᠯᠤᠭᠳᠠᠭᠰᠠᠭᠠᠷ ᠪᠣᠢ ᠬᠠᠷᠠᠭᠤᠰᠤᠯ ᠭᠡᠮᠰᠢᠯ᠂ ᠶᠡᠬᠡ ᠡᠪᠯᠡᠷᠡᠯ᠂ ᠠᠪᠤᠷᠠᠯ ᠢ᠋ ᠡᠷᠢᠭᠰᠡᠨ ᠳᠠᠯᠳᠠ ᠬᠦᠰᠡᠯ ᠦ᠋ᠨ ᠳᠣᠬᠢᠶ᠎ᠠ ᠲᠡᠮᠳᠡᠭ ᠴᠦ᠍ ᠪᠠᠢᠵᠤ ᠮᠡᠳᠡᠨ᠎ᠡ᠃ ᠵᠠᠮᠤᠬ᠎ᠠ ᠰᠡᠳᠬᠢᠯ ᠦ᠋ᠨ ᠢ᠋ᠶ᠋ᠡᠨ ᠮᠤᠬᠤᠷ ᠲᠤ᠌ ᠰᠦᠮᠡᠯᠵᠡᠨ ᠪᠠᠢᠭ᠎ᠠ ᠠᠮᠢᠳᠤ ᠦᠯᠡᠳᠡᠬᠦ᠂ ᠠᠯᠳᠠᠷ ᠨᠡᠷᠡᠲᠡᠢ ᠠᠮᠢᠳᠤᠷᠠᠬᠤ ᠴᠢᠩ ᠬᠦᠰᠡᠯ ᠢ᠋ᠶ᠋ᠡᠨ ᠳᠠᠷᠤᠵᠤ ᠳᠡᠢᠯᠬᠦ ᠭᠡᠵᠦ ᠵᠣᠪᠠᠵᠤ ᠪᠠᠢᠯ᠎ᠠ᠃ ᠭᠡᠪᠡᠴᠦ ᠨᠡᠷ᠎ᠡ ᠦᠭᠡᠢ ᠠᠮᠢᠳᠤ ᠶᠠᠪᠤᠭᠰᠠᠨ ᠡᠴᠡ ᠨᠡᠷᠡᠲᠡᠢ ᠦᠬᠦᠬᠦ ᠨᠢ ᠳᠡᠭᠡᠷ᠎ᠡ ᠭᠡᠵᠦ ᠰᠢᠢᠳᠪᠡ᠃
ᠡᠢᠮᠦ ᠨᠢᠭᠡᠨ ᠪᠣᠳᠣᠯ ᠣᠳᠣᠬᠠᠨ ᠳ᠋ᠠᠭᠠᠨ ᠵᠠᠮᠤᠬ᠎ᠠ ᠶ᠋ᠢᠨ ᠰᠡᠳᠬᠢᠯ ᠢ᠋ ᠡᠵᠡᠮᠳᠡᠵᠦ ᠬᠠᠨᠲᠡᠮᠦᠷ ᠦ᠋ᠨ ᠭᠠᠢᠬᠠᠰᠢᠷᠠᠯ ᠢ᠋ ᠲᠥᠷᠥᠭᠦᠯᠦᠭᠰᠡᠨ《ᠲᠡᠮᠦᠵᠢᠨ ᠦ᠌ ᠬᠦᠷᠢᠶᠡᠨ ᠳ᠋ᠦ᠍ ᠣᠴᠢ》 ᠭᠡᠰᠡᠨ ᠦᠭᠡ ᠶ᠋ᠢ ᠬᠡᠯᠡᠬᠦ ᠳ᠋ᠦ᠍ ᠬᠦᠷᠭᠡᠵᠡᠢ᠃ ᠰᠢᠷᠬᠠᠲᠤᠵᠤ ᠴᠢᠰᠤ ᠪᠠᠨ ᠦᠵᠡᠭᠡᠳ ᠤᠯᠠᠢᠷᠠᠭᠰᠠᠨ ᠠᠷᠢᠶᠠᠲᠠᠨ ᠰᠢᠭ᠋ ᠥᠭᠡᠳᠡ ᠥᠭᠡᠳᠡ ᠡᠴᠡ ᠪᠡᠨ ᠲᠤᠯᠤᠭᠰᠠᠨ ᠳᠠᠢᠰᠤᠨ ᠤ᠋ ᠪᠠᠨ ᠢᠴᠡᠭᠡᠨ ᠳ᠋ᠦ᠍ ᠣᠴᠢ ᠬᠡᠮᠡᠭᠰᠡᠨ ᠵᠠᠮᠤᠬ᠎ᠠ ᠶ᠋ᠢᠨ ᠦᠭᠡ ᠬᠠᠨᠳᠡᠮᠥᠷ ᠲᠦ᠍ ᠠᠶᠤᠮᠰᠢᠭᠲᠠᠢ ᠪᠢᠰᠢ ᠬᠠᠷᠢᠨ ᠰᠣᠨᠢᠨ᠂ ᠪᠦᠷ ᠡᠭᠳᠡᠭᠦᠦ ᠲᠡᠢ ᠰᠠᠨᠠᠭᠳᠠᠵᠤ ᠲᠦᠷᠭᠡᠬᠡᠨ ᠶᠣᠰᠣᠭᠠᠷ ᠪᠣᠯᠭᠠᠬᠤ ᠬᠦᠰᠡᠯ ᠢ᠋ ᠥᠳᠥᠭᠡᠵᠡᠢ᠃ ᠲᠡᠷᠡ ᠦᠨᠡᠬᠡᠷ ᠲᠡᠮᠦᠵᠢᠨ ᠦ᠌ ᠬᠦᠷᠢᠶᠡᠨ ᠳ᠋ᠦ᠍ ᠣᠴᠢᠬᠤ ᠰᠠᠨ ᠭᠡᠵᠦ ᠬᠦᠰᠡᠪᠡ᠃ ᠤᠴᠢᠷ ᠨᠢ ᠦᠯᠦ ᠣᠯᠳᠠᠬᠤ ᠠᠯᠮᠠᠢ ᠪᠣᠳᠣᠯ ᠳ᠋ᠤ᠌ ᠳᠠᠷᠤᠭᠳᠠᠨ᠂ ᠰᠤᠷᠴᠤ ᠳᠠᠳᠤᠭᠰᠠᠨ ᠡᠷᠡᠮᠡᠬᠡᠢ ᠣᠮᠣᠭᠯᠠᠩ ᠵᠠᠩ ᠢ᠋ᠶ᠋ᠠᠨ ᠠᠯᠳᠠᠭᠰᠠᠨ ᠬᠥᠷ ᠬᠠᠭᠠᠨ ᠡᠵᠡᠨ ᠢ᠋ᠶ᠋ᠡᠨ ᠬᠠᠨᠳᠡᠮᠥᠷ ᠳᠠᠭᠤ ᠦᠭᠡᠢ ᠰᠢᠷᠲᠡᠨ ᠴᠠᠭᠠᠰᠢ ᠨᠢ ᠶᠠᠭᠤ ᠬᠡᠯᠡᠬᠦ ᠶ᠋ᠢ ᠬᠦᠯᠢᠶᠡᠵᠦ ᠰᠠᠭᠤᠯ᠎ᠠ᠃ ᠡᠨᠡ ᠪᠣᠯ ᠲᠡᠷᠡ ᠬᠣᠶᠠᠷ ᠤ᠋ᠨ ᠬᠠᠷᠢᠴᠠᠭᠠᠨ ᠤ᠋ ᠵᠢᠷ ᠦ᠋ᠨ ᠨᠢᠭᠡ ᠲᠥᠷᠬᠦ ᠶᠤᠮ᠃ ᠵᠠᠮᠤᠬ᠎ᠠ ᠡᠵᠡᠨ ᠨᠢ ᠶᠠᠭᠠᠬᠢᠪᠠᠴᠤ ᠵᠦᠭᠡᠷ ᠨᠢᠭᠡ ᠡᠨᠡ ᠦᠭᠡ ᠶ᠋ᠢ ᠬᠡᠯᠡᠭᠡ ᠦᠭᠡᠢ ᠨᠢ ᠯᠠᠪᠲᠠᠢ᠃ ᠶᠠᠭ ᠡᠢᠮᠦ ᠦᠶ᠎ᠡ ᠳ᠋ᠦ᠍ ᠠᠮᠢ ᠪᠠᠨ ᠪᠣᠳᠣᠬᠤ ᠡᠴᠡ ᠥᠭᠡᠷ᠎ᠡ ᠵᠠᠮ ᠦᠭᠡᠢ ᠭᠡᠵᠦ ᠬᠠᠨᠲᠡᠮᠥᠷ ᠡᠵᠡᠨ ᠢ᠋ᠶ᠋ᠡᠨ ᠵᠥᠪᠳᠡᠭᠡᠨ ᠪᠣᠳᠣᠵᠤ ᠪᠠᠢᠪᠠ᠃
— ᠬᠠᠨᠳᠡᠮᠥᠷ᠃
ᠬᠥᠷ ᠬᠠᠭᠠᠨ ᠵᠠᠮᠤᠬ᠎ᠠ ᠪᠠᠢᠵᠤ ᠪᠠᠢᠵᠤ ᠰᠠᠶᠢ ᠨᠢᠭᠡ ᠶᠠᠭᠤᠮ᠎ᠠ ᠠᠮᠠ ᠨᠡᠭᠡᠭᠡᠭᠰᠡᠨ ᠨᠢ ᠬᠠᠨᠳᠡᠮᠥᠷ ᠢ᠋ ᠪᠠᠶᠠᠰᠬᠠᠯ᠎ᠠ᠃
— ᠪᠢ ᠰᠣᠨᠣᠰᠴᠤ ᠪᠠᠢᠨ᠎ᠠ ᠬᠥᠷ ᠬᠠᠭᠠᠨ ᠭᠡᠵᠦ ᠬᠡᠯᠡᠬᠦ ᠳ᠋ᠡᠭᠡᠨ ᠬᠣᠭᠣᠯᠠᠢ ᠨᠢ ᠳᠣᠭᠳᠣᠯᠤᠭᠰᠠᠨ ᠳ᠋ᠠᠭᠠᠨ ᠴᠡᠴᠡᠷᠡᠵᠦ ᠪᠠᠢᠪᠠ᠃
— ᠴᠢ ᠣᠳᠣ ᠰᠠᠮ ᠶᠠᠪᠤᠵᠤ ᠲᠡᠮᠦᠵᠢᠨ ᠦ᠌ ᠬᠦᠷᠢᠶᠡᠨ ᠳ᠋ᠦ᠍ ᠣᠴᠢ ᠭᠡᠵᠦ ᠵᠠᠮᠤᠬ᠎ᠠ ᠳᠠᠪᠲᠠᠨ ᠬᠡᠯᠡᠭᠰᠡᠨ ᠨᠢ ᠡᠭᠦᠨ ᠦ᠌ ᠬᠣᠢᠨ᠎ᠠ ᠭᠠᠷᠬᠤ ᠦᠭᠡ ᠬᠡᠴᠢᠨᠡᠨ ᠬᠡᠴᠡᠭᠦᠦ ᠬᠦᠨᠳᠦ ᠪᠣᠯᠬᠤ ᠶ᠋ᠢ ᠪᠠᠲᠤᠯᠠᠵᠤ ᠪᠠᠢᠬᠤ ᠰᠢᠭ᠋᠂ ᠪᠠᠰᠠ ᠡᠵᠡᠨ ᠨᠢ ᠣᠳᠣ ᠬᠦᠷᠲᠡᠯ᠎ᠡ ᠡᠷᠡᠭᠡᠯᠵᠡᠭᠰᠡᠭᠡᠷ ᠪᠠᠢᠬᠤ ᠰᠢᠭ᠋ ᠬᠠᠨᠳᠡᠮᠥᠷ ᠲᠦ᠍ ᠰᠠᠨᠠᠭᠳᠠᠨ᠎ᠠ᠃
— ᠵᠠ ᠁
ᠵᠠᠮᠤᠬ᠎ᠠ ᠶ᠋ᠢᠨ ᠢᠩᠭᠢᠵᠦ ᠬᠡᠯᠡᠭᠡᠳ ᠳᠠᠭᠤ ᠦᠭᠡᠢ ᠪᠣᠯᠤᠭᠰᠠᠨ ᠨᠢ ᠬᠢᠬᠦ ᠭᠡᠵᠦ ᠪᠠᠢᠭ᠎ᠠ ᠳ᠋ᠠᠭᠠᠨ ᠦᠯᠦ ᠢᠲᠡᠭᠡᠭᠰᠡᠨ ᠦ᠌ ᠬᠢ ᠪᠢᠰᠢ᠂ ᠬᠠᠨᠳᠡᠮᠥᠷ ᠲᠦ᠍ ᠴᠡᠭᠡᠵᠢᠯᠡᠬᠦ ᠳ᠋ᠦ᠍ ᠠᠮᠠᠷ ᠦᠭᠡ ᠣᠯᠵᠤ ᠬᠡᠯᠡᠬᠦ ᠭᠡᠵᠦ ᠪᠣᠳᠣᠯᠬᠢᠯᠠᠭᠰᠠᠨ ᠤ᠋ ᠬᠢ ᠪᠠᠢᠪᠠ᠃
— ᠴᠢ ᠲᠡᠮᠦᠵᠢᠨ ᠳ᠋ᠦ᠍ ᠨᠠᠮᠠᠶ᠋ᠢ ᠬᠡᠯᠡᠪᠡ ᠭᠡᠵᠦ ᠳᠠᠮᠵᠢᠭᠤᠯᠤᠭᠲᠤᠨ᠃
— ᠪᠢ ᠰᠣᠨᠣᠰᠴᠤ ᠪᠠᠢᠨ᠎ᠠ᠂ ᠬᠥᠷ ᠬᠠᠭᠠᠨ᠃
《ᠪᠢ ᠴᠢᠮ᠎ᠠ ᠳ᠋ᠤ᠌ ᠳᠠᠭᠠᠵᠤ ᠣᠴᠢᠶ᠎ᠠ》 ᠭᠡᠵᠦ ᠬᠡᠯᠡᠨ᠎ᠡ ᠭᠡᠵᠦ ᠬᠠᠨᠳᠡᠮᠥᠷ ᠳᠠᠭᠠᠯ᠎ᠠ᠃ ᠡᠨᠡ ᠦᠭᠡ ᠶ᠋ᠢ ᠬᠡᠯᠡᠬᠦ ᠳ᠋ᠦ᠍ ᠦᠨᠡᠬᠡᠷ ᠲᠡᠢᠮᠦ ᠠᠮᠠᠷ ᠬᠡᠷᠡᠭ ᠪᠢᠰᠢ ᠨᠢ ᠮᠡᠳᠡᠭᠡᠵᠢ᠃ ᠲᠡᠷᠡ ᠵᠠᠮᠤᠬ᠎ᠠ ᠡᠵᠡᠨ ᠦ᠌ ᠪᠡᠨ ᠰᠡᠳᠬᠢᠯ ᠦ᠋ᠨ ᠳᠣᠲᠣᠷᠠᠬᠢ ᠰᠢᠷᠦᠭᠦᠨ ᠰᠢᠭᠤᠷᠭ᠎ᠠ ᠶ᠋ᠢ ᠮᠡᠳᠡᠷᠡᠵᠦ ᠪᠠᠰᠠ ᠦᠷᠦ ᠡᠪᠡᠳᠴᠦ ᠪᠠᠢᠯ᠎ᠠ᠃ ᠳᠠᠢᠰᠤᠨ ᠡᠲᠡᠭᠡᠳ ᠲᠡᠭᠡᠨ ᠪᠠᠭᠤᠵᠤ ᠥᠭᠭᠦᠨ᠎ᠡ ᠭᠡᠳᠡᠭ ᠬᠡᠨ ᠳ᠋ᠦ᠍ ᠴᠦ᠍ ᠪᠠᠢᠭᠰᠠᠨ ᠬᠡᠴᠡᠭᠦᠦ ᠨᠢ ᠮᠡᠳᠡᠭᠡᠵᠢ᠃ ᠲᠡᠷᠡ ᠲᠣᠰᠤᠮ ᠢ᠋ᠶ᠋ᠠᠨ ᠵᠠᠮᠤᠬ᠎ᠠ ᠰᠢᠭ᠋ ᠣᠮᠣᠭ ᠪᠠᠷᠳᠠᠮ ᠬᠥᠮᠦᠨ ᠳ᠋ᠦ᠍ ᠪᠦᠷ ᠴᠦ᠍ ᠬᠡᠴᠡᠭᠦᠦ ᠪᠠᠢᠭ᠎ᠠ ᠪᠢᠵᠡ᠃ ᠬᠡᠷᠪᠡ ᠢᠩᠭᠢᠪᠡᠯ ᠬᠠᠨᠳᠡᠮᠥᠷ ᠴᠦ᠍ ᠪᠠᠰᠠ ᠠᠮᠢᠳᠤ ᠦᠯᠡᠳᠡᠬᠦ ᠨᠢ ᠭᠡᠵᠦ ᠪᠠᠶᠠᠷᠯᠠᠨ ᠪᠣᠳᠣᠵᠤ ᠠᠮᠵᠢᠪᠠ᠃ ᠦᠨᠡᠬᠡᠷ ᠬᠠᠨᠳᠡᠮᠥᠷ ᠲᠦ᠍ ᠦᠬᠦᠬᠦ ᠬᠦᠰᠡᠯ ᠪᠠᠢᠭᠰᠠᠨ ᠦᠭᠡᠢ᠃ ᠶᠠᠭᠤ ᠴᠤ᠌ ᠪᠣᠯᠤᠭᠰᠠᠨ ᠦᠨᠡᠨᠴᠢ ᠪᠣᠭᠣᠯ ᠲᠡᠭᠦᠨ ᠢ᠋ ᠵᠠᠮᠤᠬ᠎ᠠ ᠡᠵᠡᠨ ᠨᠢ ᠵᠦᠭᠡᠷ ᠨᠢᠭᠡ ᠦᠬᠦᠯ ᠳ᠋ᠦ᠍ ᠬᠠᠶᠠᠵᠤ᠂ ᠦᠭᠡᠢ ᠣᠷᠬᠢᠬᠤ ᠦᠭᠡᠢ ᠳ᠋ᠦ᠍ ᠢᠲᠡᠭᠡᠨ᠎ᠡ᠃ᠬᠥᠮᠦᠨ ᠶᠤᠮ ᠪᠣᠯᠬᠣᠷ ᠬᠠᠨᠳᠡᠮᠥᠷ ᠲᠦ᠍ ᠨᠢᠭᠤᠴᠠ ᠬᠦᠰᠡᠯ ᠮᠥᠷᠥᠭᠡᠳᠦᠯ ᠪᠠᠰᠠ ᠪᠠᠢᠯ᠎ᠠ᠃ ᠲᠡᠷᠡ ᠴᠢᠩ ᠦᠨᠡᠨ ᠡᠴᠡ ᠪᠡᠨ ᠠᠮᠢᠳᠤ ᠶᠠᠪᠤᠬᠤ ᠶ᠋ᠢ ᠬᠦᠰᠡᠵᠦ ᠪᠠᠢᠪᠠ᠃ ᠡᠭᠦᠨ ᠡᠴᠡ ᠡᠮᠦᠨ᠎ᠡ ᠲᠡᠷᠡ ᠵᠠᠮᠤᠬ᠎ᠠ ᠡᠵᠡᠨ ᠦ᠌ ᠪᠡᠨ ᠲᠥᠯᠥᠭᠡ ᠠᠮᠢ ᠥᠭᠭᠦᠨ᠎ᠡ ᠭᠡᠬᠦ ᠳ᠋ᠦ᠍ ᠣᠭᠲᠣᠬᠠᠨ ᠴᠤ᠌ ᠡᠷᠡᠭᠡᠯᠵᠡᠵᠦ ᠬᠠᠷᠠᠮᠰᠠᠵᠤ ᠪᠠᠢᠭᠰᠠᠨ ᠦᠭᠡᠢ᠃ ᠬᠠᠷᠢᠨ ᠰᠡᠭᠦᠯ ᠦ᠋ᠨ ᠦᠶ᠎ᠡ ᠳ᠋ᠦ᠍ ᠥᠪᠡᠷ ᠦ᠋ᠨ ᠠᠮᠢ ᠨᠢ ᠳᠡᠩᠳᠡᠭᠦᠦ ᠬᠠᠢᠷᠠᠨ ᠰᠠᠨᠠᠭᠳᠠᠬᠤᠤ ᠪᠣᠯᠵᠠᠢ᠃ ᠬᠡᠳᠦᠢ ᠪᠡᠷ ᠡᠨᠡ ᠨᠢᠭᠤᠴᠠ ᠬᠦᠰᠡᠯ ᠢ᠋ᠶ᠋ᠡᠨ ᠡᠵᠡᠨ ᠳ᠋ᠡᠭᠡᠨ ᠢᠯᠡ ᠲᠣᠳᠣ ᠢᠯᠡᠳᠬᠡᠵᠦ ᠪᠣᠯᠬᠤ ᠦᠭᠡᠢ ᠴᠤ᠌ ᠪᠠᠰᠠ ᠲᠡᠭᠦᠨ ᠢ᠋ ᠨᠢᠭᠡ ᠮᠥᠴᠡ ᠴᠤ᠌ ᠮᠠᠷᠲᠠᠵᠤ ᠤᠮᠠᠷᠲᠠᠭᠰᠠᠨ ᠦᠭᠡᠢ᠃ ᠵᠠᠮᠤᠬ᠎ᠠ ᠶ᠋ᠢᠨ ᠬᠡᠯᠡᠬᠦ ᠭᠡᠳ ᠬᠣᠭᠣᠯᠠᠢ ᠪᠠᠨ ᠳᠠᠪᠠᠭᠤᠯᠵᠤ ᠴᠢᠳᠠᠬᠤ ᠦᠭᠡᠢ ᠪᠠᠢᠭ᠎ᠠ ᠲᠡᠷᠡ ᠦᠭᠡᠨ ᠡᠴᠡ ᠣᠯᠠᠨ ᠬᠥᠮᠦᠨ ᠦ᠌ ᠬᠤᠪᠢ ᠵᠠᠶᠠᠭ᠎ᠠ᠂ ᠠᠮᠢ ᠨᠠᠰᠤ ᠬᠠᠮᠢᠶᠠᠷᠴᠤ ᠪᠠᠢᠭ᠎ᠠ ᠶ᠋ᠢ ᠲᠡᠷᠡ ᠮᠡᠳᠡᠨ᠎ᠡ᠃ ᠡᠨᠡ ᠳᠣᠲᠣᠷ᠎ᠠ ᠬᠠᠮᠤᠭ ᠤ᠋ᠨ ᠲᠦᠷᠦᠭᠦᠨ ᠬᠠᠨᠲᠡᠮᠦᠷ ᠦ᠋ᠨ ᠠᠮᠢ ᠨᠠᠰᠤ ᠪᠠᠭᠲᠠᠵᠤ ᠪᠠᠢᠪᠠ᠃ ᠬᠠᠨᠲᠡᠮᠦᠷ ᠡᠵᠡᠨ ᠦ᠌ ᠪᠡᠨ ᠬᠡᠯᠡᠬᠦ ᠲᠡᠷᠡ ᠦᠨᠡᠲᠦ ᠦᠭᠡ ᠶ᠋ᠢ ᠬᠦᠯᠢᠶᠡᠨ ᠠᠮᠢᠰᠬᠤᠭ᠎ᠠ ᠪᠠᠨ ᠲᠦᠭᠵᠢᠨ ᠰᠠᠭᠤᠪᠠ᠃ ᠰᠢᠨᠠᠯᠭᠠᠲᠤ ᠮᠥᠴᠡ ᠦᠷᠭᠦᠯᠵᠢᠯᠡᠵᠦ ᠵᠠᠮᠤᠬ᠎ᠠ ᠳᠠᠭᠤ ᠦᠭᠡᠢ ᠰᠠᠭᠤᠭᠰᠠᠭᠠᠷ᠁
— ᠳᠠᠶᠠᠨ ᠬᠠᠭᠠᠨ ᠴᠢᠮ᠎ᠠ ᠠ᠋ᠴᠠ ᠠᠶᠤᠵᠤ
ᠲᠠᠢᠭ᠎ᠠ ᠠᠭᠤᠯᠠᠨ ᠳ᠋ᠤ᠌ ᠰᠢᠷᠭᠤᠵᠤ ᠣᠷᠣᠪᠠ᠃
ᠬᠠᠳᠠᠨ ᠵᠢᠷᠦᠬᠡ ᠨᠢ
ᠬᠠᠯᠢᠷᠠᠨ ᠴᠡᠴᠡᠷᠡᠵᠦ
ᠬᠠᠳᠠ ᠠᠰᠬᠠᠨ ᠳ᠋ᠤ᠌ ᠠᠪᠠᠷᠢᠨ ᠨᠢᠭᠤᠭᠳᠠᠵᠤ
ᠵᠣᠷᠢᠭ ᠵᠢᠷᠦᠬᠡ ᠨᠢ ᠠᠭᠤᠯᠠᠨ ᠳ᠋ᠠᠭᠠᠨ ᠣᠷᠣᠭᠠᠳ
ᠵᠣᠪᠬᠢ ᠨᠢ ᠪᠠᠭᠤᠭᠠᠳ ᠬᠤᠯᠴᠢᠢᠵᠤ ᠪᠠᠢᠨ᠎ᠠ᠃
ᠲᠡᠮᠦᠵᠢᠨ ᠴᠢ ᠱᠠᠯᠠᠪᠯᠠᠨ ᠲᠠᠭᠠᠷᠢ
ᠲᠡᠳᠡ ᠰᠠᠨᠳᠤᠷᠤᠨ ᠳᠤᠲᠠᠭᠠᠵᠤ ᠪᠠᠢᠨ᠎ᠠ᠃
ᠡᠳᠡᠨ ᠦ᠌ ᠴᠢᠷᠠᠢ ᠶ᠋ᠢ ᠠᠵᠢᠵᠤ ᠬᠠᠷᠠᠬᠤ ᠳ᠋ᠤ᠌
ᠡᠰᠡᠷᠭᠦᠴᠡᠨ ᠰᠥᠷᠬᠦ ᠰᠥᠭᠥᠭᠡ ᠦᠭᠡᠢ ᠪᠠᠢᠨ᠎ᠠ
ᠦᠭᠡ ᠶᠠᠷᠢᠶ᠎ᠠ ᠶ᠋ᠢ ᠨᠢ ᠰᠤᠨᠵᠢᠵᠤ ᠰᠠᠭᠤᠬᠤ ᠳ᠋ᠤ᠌
ᠦᠬᠦᠯ ᠡᠴᠡ ᠠᠶᠤᠭᠠᠳ ᠳᠠᠭᠵᠢᠵᠤ ᠪᠠᠢᠨ᠎ᠠ
ᠣᠮᠣᠭ ᠵᠣᠷᠢᠭ ᠦᠭᠡᠢ ᠡᠳᠡᠨ ᠢ᠋ ᠬᠠᠷᠠᠭᠠᠳ
ᠣᠢ ᠲᠣᠢ ᠮᠢᠨᠢ ᠭᠤᠲᠤᠪᠠ
ᠰᠦᠷ ᠰᠦᠯᠳᠡ ᠨᠢ ᠵᠠᠢᠯᠠᠭᠰᠠᠨ ᠢ᠋ ᠦᠵᠡᠭᠡᠳ
ᠰᠦᠵᠢᠭ ᠢᠲᠡᠭᠡᠯ ᠮᠢᠨᠢ ᠠᠯᠳᠠᠷᠠᠪᠠ
ᠠᠷᠤᠭ ᠳᠠᠭᠠᠭᠠᠬᠤ ᠦᠭᠡᠢ ᠴᠢᠪᠠᠭᠠᠨᠴᠠ ᠮᠡᠲᠦ
ᠠᠷᠴᠠᠭ᠎ᠠ ᠦᠭᠡᠢ ᠳᠣᠷᠣᠢ ᠨᠠᠢ᠍ᠮᠠᠨ ᠨᠤᠭᠤᠳ ᠲᠠᠢ
ᠢᠯᠳᠦ ᠳᠠᠭᠠᠭᠠᠬᠤ ᠦᠭᠡᠢ ᠡᠷ᠎ᠡ ᠮᠡᠲᠦ
ᠢᠴᠢᠭᠦᠷᠢᠲᠡᠢ ᠬᠤᠯᠴᠢᠭᠠᠷ ᠡᠳᠡᠨ ᠲᠡᠢ ᠪᠠᠢᠬᠤ ᠳ᠋ᠤ᠌
ᠬᠠᠪᠰᠤᠷᠬᠤ ᠨᠥᠬᠥᠳ ᠮᠢᠨᠢ ᠬᠠᠢᠷᠠᠨ ᠪᠠᠢᠨ᠎ᠠ
ᠬᠠᠷ᠎ᠠ ᠠᠮᠢ ᠪᠠᠨ ᠬᠣᠣᠬᠣᠢᠯᠠᠭᠠ ᠦᠭᠡᠢ ᠴᠦ᠍
ᠬᠠᠢᠷᠠᠨ ᠨᠡᠷ᠎ᠡ ᠪᠡᠨ ᠪᠣᠳᠣᠵᠤ ᠪᠠᠢᠨ᠎ᠠ
ᠵᠣᠲᠣᠭᠣᠷ ᠲᠤ᠌ ᠳᠠᠯᠳᠢᠴᠢᠬᠤ ᠪᠣᠭᠣᠯ ᠮᠡᠲᠦ
ᠵᠣᠯᠪᠢᠩ ᠲᠡᠨᠦᠬᠦ ᠨᠣᠬᠠᠳ ᠮᠡᠲᠦ
ᠵᠣᠷᠢᠭ ᠵᠢᠷᠦᠬᠡ ᠦᠭᠡᠢ ᠲᠡᠳᠡᠨ ᠡᠴᠡ
ᠵᠣᠷᠢᠭ ᠢ᠋ᠶ᠋ᠠᠷ ᠢ᠋ᠶ᠋ᠠᠨ ᠰᠠᠯᠬᠤ ᠪᠠᠷ ᠵᠣᠷᠢᠭᠯᠠᠪᠠ᠂ ᠪᠢ
ᠣᠯᠬᠢᠶ᠎ᠠ ᠦᠭᠡᠢ ᠳᠣᠷᠣᠢ ᠲᠡᠳᠡᠨ ᠢ᠋
ᠣᠷᠬᠢᠵᠤ ᠶᠠᠪᠤᠬᠤ ᠪᠠᠷ ᠰᠢᠢᠳᠪᠡ᠂ ᠪᠢ
ᠬᠥᠷ ᠬᠠᠭᠠᠨ ᠵᠠᠮᠤᠬ᠎ᠠ ᠪᠢ
ᠭᠦᠶᠦᠳᠡᠯ ᠰᠠᠭᠤᠳᠠᠯ ᠨᠡᠢᠯᠡᠬᠦ ᠦᠭᠡᠢ ᠶ᠋ᠢᠨ ᠤᠴᠢᠷ
ᠲᠦᠨᠡᠷ ᠰᠥᠨᠢ ᠶ᠋ᠢᠨ ᠬᠠᠷᠠᠩᠭᠤᠢ ᠪᠠᠷ
ᠲᠦᠷᠭᠡᠨ ᠡᠨᠳᠡ ᠡᠴᠡ ᠵᠠᠢᠯᠠᠨ᠎ᠠ
ᠤᠷᠢᠳ ᠬᠣᠵᠢᠳ ᠤ᠋ᠨ ᠢᠷᠦᠭᠡᠯ ᠪᠠᠢᠪᠠᠯ
ᠠᠭᠤᠯᠵᠠᠬᠤ ᠮᠥᠴᠡ ᠡᠨᠡᠭᠦᠬᠡᠨ ᠳ᠋ᠦ᠍ ᠪᠢᠵᠡ
ᠤᠭ ᠤ᠋ᠨ ᠵᠠᠶᠠᠭᠠᠭᠰᠠᠨ ᠲᠠᠪᠢᠯᠠᠩ ᠢᠷᠡᠪᠡᠯ
ᠤᠷᠠᠯᠴᠠᠬᠤ ᠴᠠᠭ ᠴᠤ᠌ ᠲᠣᠬᠢᠶᠠᠨ᠎ᠠ ᠪᠢᠵᠡ᠁
ᠴᠡᠭᠡᠵᠢᠯᠡᠬᠦ ᠳ᠋ᠦ᠍ ᠬᠢᠯᠪᠠᠷ ᠭᠡᠵᠦ ᠡᠵᠡᠨ ᠦ᠌ ᠪᠡᠨ ᠡᠢᠨ ᠬᠦ᠌ ᠰᠢᠯᠦᠭᠯᠡᠨ ᠬᠡᠯᠡᠭᠰᠡᠨ ᠦᠭᠡ ᠶ᠋ᠢ ᠬᠠᠨᠳᠡᠮᠤᠷ ᠰᠠᠢᠲᠤᠷ ᠤᠬᠠᠵᠤ
ᠣᠢᠯᠠᠭ᠎ᠠ ᠦᠭᠡᠢ ᠴᠦ᠍ ᠤᠭ ᠠ᠋ᠴᠠ ᠵᠠᠮᠤᠬ᠎ᠠ ᠴᠡᠴᠡᠨ ᠦ᠌ ᠡᠢᠮᠦ ᠰᠢᠯᠦᠭ ᠦ᠋ᠨ ᠵᠠᠬᠢᠶᠠᠰᠤ ᠶ᠋ᠢ ᠨᠢ ᠣᠯᠠᠨᠲᠠ
ᠳᠠᠮᠵᠢᠭᠤᠯᠤᠭᠰᠠᠭᠠᠷ ᠰᠤᠷᠤᠭᠰᠠᠨ ᠲᠤᠯᠠ ᠦᠭᠡ ᠦᠰᠦᠭ ᠦᠭᠡᠢ ᠴᠡᠭᠡᠵᠢᠯᠡᠬᠦ ᠶᠣᠰᠣᠲᠠᠢ ᠪᠠᠨ ᠯᠠ ᠨᠡᠩ ᠳᠠᠷᠤᠢ
ᠰᠡᠬᠡᠭᠡᠷᠡᠵᠦ ᠬᠡᠳᠦᠨᠲᠡ ᠳᠠᠪᠲᠠᠨ ᠮᠠᠷᠲᠠᠬᠤ ᠦᠭᠡᠢ᠂ ᠠᠨᠳᠠᠭᠤᠷᠠᠬᠤ ᠦᠭᠡᠢ ᠲᠣᠭᠲᠠᠭᠠᠪᠠ᠃ ᠡᠨᠡ ᠬᠡᠳᠦᠨ ᠮᠥᠷ
ᠰᠢᠯᠦᠭ ᠲᠦ᠍ ᠨᠠᠢ᠍ᠮᠠᠨ ᠤ᠋ ᠳᠠᠶᠠᠨ ᠬᠠᠨ ᠤ᠋ ᠰᠡᠳᠬᠢᠯ ᠪᠣᠯᠤᠭᠠᠳ ᠴᠡᠷᠢᠭ ᠦ᠋ᠨ ᠪᠠᠢᠳᠠᠯ ᠢ᠋ ᠬᠡᠨ ᠳ᠋ᠦ᠍ ᠴᠦ᠍ ᠬᠠᠷᠠᠭᠳᠠᠵᠤ ᠣᠢᠯᠠᠭᠠᠭᠳᠠᠬᠤ ᠪᠠᠷ ᠲᠣᠳᠣᠷᠠᠭᠤᠯᠤᠨ ᠬᠡᠯᠡᠵᠡᠢ᠃ ᠪᠠᠰᠠ ᠵᠠᠮᠤᠬ᠎ᠠ ᠶ᠋ᠢᠨ ᠪᠠᠷᠳᠠᠮ ᠳᠡᠭᠡᠭᠦᠷ ᠵᠠᠩ᠂ ᠨᠡᠷ᠎ᠡ ᠪᠡᠨ ᠬᠢᠴᠢᠶᠡᠳᠡᠭ ᠴᠢᠨᠠᠷ ᠬᠢᠭᠡᠳ ᠲᠡᠮᠦᠵᠢᠨ ᠦ᠌ ᠡᠮᠦᠨ᠎ᠡ ᠲᠡᠭᠡᠲᠡᠯ᠎ᠡ ᠪᠡᠨ ᠪᠥᠬᠥᠯᠵᠡᠬᠦ ᠦᠭᠡᠢ ᠭᠡᠰᠡᠨ ᠰᠢᠵᠠᠷᠠᠭᠤᠨ ᠦᠭᠡᠰ ᠴᠦ᠍ ᠴᠤᠬᠤᠯᠵᠠᠬᠤ ᠠᠵᠢ᠃ ᠡᠨᠡ ᠪᠣᠯ ᠴᠣᠬᠣᠮ ᠳ᠋ᠠᠭᠠᠨ ᠬᠠᠨᠲᠡᠮᠦᠷ ᠦ᠋ᠨ ᠰᠣᠨᠣᠰᠤᠨ᠎ᠠ ᠭᠡᠵᠦ ᠬᠦᠯᠢᠶᠡᠭᠰᠡᠨ ᠦᠭᠡ ᠪᠢᠰᠢ ᠪᠠᠢᠪᠠ᠃ ᠵᠠᠮᠤᠬ᠎ᠠ ᠴᠣᠬᠣᠮ ᠶᠠᠭᠠᠬᠢᠬᠤ ᠭᠡᠵᠦ ᠪᠣᠢ ᠶ᠋ᠢ ᠣᠳᠣ ᠳᠠᠭᠠᠬᠤ ᠳ᠋ᠤ᠌ ᠪᠡᠷᠬᠡ ᠪᠣᠯᠵᠠᠢ᠃
— ᠴᠢ ᠮᠣᠷᠳᠠ᠃ ᠲᠡᠮᠦᠵᠢᠨ ᠴᠢᠮᠠᠶ᠋ᠢ ᠯᠠᠪ ᠠᠯᠠᠬᠤ ᠦᠭᠡᠢ᠃ ᠲᠡᠷᠡ ᠳᠠᠢᠰᠤᠨ ᠤ᠋ ᠪᠠᠨ ᠡᠯᠴᠢ ᠶ᠋ᠢ ᠲᠡᠷᠡ ᠳᠤᠮᠳᠠ ᠪᠠᠨ ᠵᠠᠮᠤᠬ᠎ᠠ ᠮᠢᠨᠦ ᠶ᠋ᠢᠨ ᠡᠯᠴᠢ ᠶ᠋ᠢ ᠬᠣᠷᠣᠭᠠᠬᠤ ᠤᠴᠢᠷ ᠦᠭᠡᠢ ᠲᠤᠯᠠ ᠴᠢ ᠪᠦᠦ ᠡᠮᠢᠶᠡ ᠭᠡᠵᠦ ᠵᠠᠮᠤᠬ᠎ᠠ ᠬᠠᠨᠳᠡᠮᠦᠷ ᠦ᠋ᠨ ᠪᠣᠳᠣᠭᠰᠠᠨ ᠢ᠋ ᠳᠠᠭᠠᠵᠤ ᠬᠡᠯᠡᠪᠡ᠃ ᠬᠠᠨᠳᠡᠮᠦᠷ ᠦ᠋ᠨ ᠭᠠᠢᠬᠠᠵᠤ ᠪᠤᠬᠢᠨᠢᠳᠤᠭᠰᠠᠨ ᠴᠢᠷᠠᠢ ᠶ᠋ᠢ ᠬᠠᠷᠠᠭᠠᠳ ᠵᠠᠮᠤᠬ᠎ᠠ ᠲᠡᠭᠦᠨ ᠢ᠋ ᠠᠶᠤᠪᠠ ᠭᠡᠵᠦ ᠰᠠᠨᠠᠵᠠᠢ᠃
— ᠪᠢ ᠲᠡᠮᠦᠵᠢᠨ ᠦ᠌ ᠭᠠᠷ ᠲᠤ᠌ ᠦᠬᠦᠬᠦ ᠡᠴᠡ ᠥᠴᠦᠬᠡᠨ ᠴᠦ᠍ ᠠᠶᠤᠬᠤ ᠦᠭᠡᠢ ᠭᠡᠵᠦ ᠬᠠᠨᠳᠡᠮᠦᠷ ᠬᠤᠳᠠᠯ ᠬᠡᠯᠡᠭᠰᠡᠨ ᠴᠦ᠍ ᠳᠣᠲᠣᠷ᠎ᠠ ᠨᠢ ᠬᠠᠷᠠᠯᠠᠨ ᠬᠠᠷᠠᠮᠰᠠᠭᠰᠠᠨ ᠳ᠋ᠠᠭᠠᠨ ᠵᠢᠷᠦᠬᠡ ᠨᠢ ᠰᠢᠮᠰᠢᠷᠡᠨ ᠡᠪᠡᠳᠴᠦ ᠪᠠᠢᠪᠠ᠃ ᠭᠡᠪᠡᠴᠦ ᠴᠢᠷᠠᠢ ᠳ᠋ᠤᠨᠢ ᠲᠡᠷᠡ ᠳᠣᠣᠷ᠎ᠠ ᠪᠠᠨ ᠵᠣᠷᠢᠭ ᠰᠢᠯᠤᠭᠤᠳᠤᠭᠰᠠᠨ ᠤ᠋ ᠰᠢᠨᠵᠢ ᠲᠣᠳᠣᠷᠠᠵᠤ ᠬᠥᠮᠥᠭᠡᠢ ᠪᠡᠨ ᠵᠠᠭᠤᠵᠤ ᠬᠥᠮᠥᠰᠬᠡ ᠵᠠᠩᠭᠢᠳᠴᠠᠢ᠃
— ᠬᠠᠨᠳᠡᠮᠦᠷ᠃
ᠵᠠᠮᠤᠬ᠎ᠠ ᠥᠪᠡᠷ ᠦ᠋ᠨ ᠰᠢᠯᠦᠭ ᠢ᠋ ᠰᠡᠭᠦᠯᠴᠢ ᠶ᠋ᠢᠨ ᠤᠳᠠᠭ᠎ᠠ ᠳᠠᠪᠲᠠᠨ ᠬᠡᠯᠡᠭᠦᠯᠵᠦ ᠰᠣᠨᠣᠰᠤᠭᠠᠳ ᠢᠩᠭᠢᠵᠦ ᠬᠡᠯᠡᠪᠡ᠃
— ᠬᠠᠨᠲᠡᠮᠦᠷ᠃ ᠬᠡᠷᠪᠡ ᠴᠢ ᠲᠡᠮᠦᠵᠢᠨ ᠦ᠌ ᠳᠡᠷᠭᠡᠳᠡ ᠦᠯᠡᠳᠡᠬᠦ ᠶ᠋ᠢ ᠬᠦᠰᠡᠪᠡᠯ ᠲᠡᠭᠦᠨ ᠳ᠋ᠦ᠍ ᠰᠢᠳᠤᠷᠭᠤ ᠪᠠᠷ ᠦᠨᠡᠨᠴᠢ ᠵᠢᠳᠬᠦᠬᠦ ᠪᠡᠨ ᠬᠡᠯᠡᠭᠲᠦᠨ᠃ ᠲᠡᠮᠦᠵᠢᠨ ᠴᠢᠨᠦ ᠥᠨᠳᠥᠷ ᠪᠣᠱᠣᠭ᠎ᠠ ᠶ᠋ᠢ ᠪᠡᠬᠢᠯᠡᠵᠦ᠂ ᠥᠷᠭᠡᠨ ᠬᠠᠲᠠᠪᠴᠢ ᠶ᠋ᠢ ᠬᠠᠰᠢᠵᠤ ᠰᠠᠭᠤ ᠭᠡᠵᠦ ᠪᠣᠭᠣᠯ ᠨᠠᠮᠠᠶ᠋ᠢ ᠵᠠᠮᠤᠬ᠎ᠠ ᠡᠵᠡᠨ ᠮᠢᠨᠢ ᠢᠯᠡᠭᠡᠪᠡ ᠭᠡᠵᠦ ᠬᠡᠯᠡ᠃ ᠪᠢ ᠣᠳᠣ ᠴᠢᠨᠦ ᠲᠥᠯᠥᠭᠡ ᠡᠭᠦᠨ ᠡᠴᠡ ᠥᠭᠡᠷ᠎ᠡ ᠶ᠋ᠢ ᠬᠢᠵᠦ ᠦᠯᠦ ᠴᠢᠳᠠᠨ᠎ᠠ᠃ ᠨᠠᠳᠠᠳᠤ ᠭᠣᠮᠣᠳᠠᠵᠤ ᠥᠰᠢᠬᠦ ᠶ᠋ᠢ ᠴᠢᠨᠢ ᠦᠵᠡᠮᠡᠷ ᠦᠭᠡᠢ ᠪᠠᠢᠨ᠎ᠠ ᠭᠡᠵᠡᠢ᠃ ᠪᠠᠰᠠ ᠳᠡᠮᠡᠢ ᠰᠤᠷᠠᠭ ᠦᠭᠡᠢ ᠶ᠋ᠢ ᠴᠢᠨᠢ ᠴᠦ᠍ ᠬᠦᠰᠡᠬᠦ ᠦᠭᠡᠢ ᠪᠠᠢᠨ᠎ᠠ᠃ ᠴᠢ ᠨᠠᠳᠠᠳᠤ ᠵᠢᠳᠬᠦᠭᠡᠳ ᠡᠴᠡᠩᠬᠡᠢ ᠮᠣᠷᠢ᠂ ᠡᠵᠡᠨ ᠦᠭᠡᠢ ᠦᠬᠦᠯ ᠡᠴᠡ ᠥᠭᠡᠷ᠎ᠡ ᠶᠠᠭᠤ ᠴᠤ᠌ ᠡᠰᠡ ᠣᠯᠪᠠ᠃ ᠬᠠᠨᠳᠡᠮᠦᠷ᠃ ᠪᠢ ᠴᠢᠮ᠎ᠠ ᠳ᠋ᠤ᠌ ᠲᠥᠯᠥᠵᠦ ᠳᠡᠢᠯᠬᠦ ᠦᠭᠡᠢ ᠥᠷᠢ ᠲᠡᠢ ᠦᠯᠡᠳᠡᠪᠡ᠃ ᠣᠳᠣ ᠪᠢ ᠴᠢᠮᠠᠶ᠋ᠢ ᠲᠡᠮᠦᠵᠢᠨ ᠳ᠋ᠦ᠍ ᠥᠭᠭᠦᠶ᠎ᠡ᠃
ᠡᠵᠡᠨ ᠦ᠌ ᠪᠡᠨ ᠦᠨᠡᠨ ᠰᠡᠳᠬᠢᠯ ᠦ᠋ᠨ ᠦᠭᠡ ᠶ᠋ᠢ ᠰᠣᠨᠣᠰᠤᠭᠠᠳ ᠬᠠᠨᠳᠡᠮᠦᠷ ᠦ᠋ᠨ ᠴᠢᠯᠠᠭᠤ ᠮᠡᠲᠦ ᠰᠡᠳᠬᠢᠯ ᠤᠢᠮᠤᠷᠠᠨ ᠤᠶᠠᠷᠠᠪᠠ᠃ ᠡᠨᠡ ᠣᠯᠠᠨ ᠵᠢᠯ ᠳ᠋ᠦ᠍ ᠲᠡᠳᠡ ᠶᠠᠭᠠᠬᠢᠵᠤ ᠳᠣᠲᠣᠨᠣᠰᠤᠨ ᠳᠠᠰᠤᠭᠰᠠᠨ ᠢ᠋ᠶ᠋ᠠᠨ ᠬᠡᠨ ᠬᠡᠨ ᠨᠢ ᠭᠣᠣᠯᠲᠤ ᠵᠢᠷᠦᠬᠡ ᠪᠡᠨ ᠰᠢᠮᠰᠢᠷᠡᠭᠦᠯᠦᠨ ᠮᠡᠳᠡᠷᠡᠵᠦ ᠪᠠᠢᠪᠠ᠃ ᠬᠣᠶᠠᠷ ᠡᠷ᠎ᠡ ᠬᠥᠮᠦᠨ ᠦ᠌ ᠶᠡᠬᠡ ᠨᠥᠬᠥᠷᠯᠡᠯ ᠢ᠋᠂ ᠰᠠᠯᠵᠤ ᠬᠠᠭᠠᠴᠠᠬᠤ ᠶ᠋ᠢᠨ ᠣᠢ ᠭᠠᠰᠢᠭᠤ ᠶ᠋ᠢ ᠦᠵᠡᠭᠰᠡᠨ ᠲᠩᠷᠢ ᠴᠠᠰᠤ ᠪᠣᠷᠣᠭ᠎ᠠ ᠪᠠᠷ ᠤᠬᠢᠯᠠᠵᠤ ᠡᠬᠢᠯᠡᠪᠡ᠃
— ᠬᠥᠷ ᠬᠠᠭᠠᠨ᠃ ᠪᠢ ᠲᠠᠨ ᠢ᠋ ᠶᠠᠭᠠᠬᠢᠵᠤ ᠣᠷᠬᠢᠨ᠎ᠠ᠃ ᠲᠠ ᠨᠠᠮᠠᠶ᠋ᠢ ᠳᠣᠣᠷ᠎ᠠ ᠳ᠋ᠤ᠌ ᠦᠵᠡᠵᠦ ᠳᠣᠷᠣᠮᠵᠢᠯᠠᠬᠤ ᠦᠭᠡ ᠶᠠᠭᠤᠨ ᠳ᠋ᠤ᠌ ᠬᠡᠯᠡᠨ᠎ᠡ᠃ ᠪᠢ ᠦᠷ ᠴᠠᠢᠬᠤ ᠶ᠋ᠢᠨ ᠡᠮᠦᠨ᠎ᠡ ᠡᠰᠡ ᠢᠷᠡᠪᠡᠯ ᠦᠬᠦᠵᠦ ᠭᠡᠵᠦ ᠪᠣᠳᠣᠭᠲᠤᠨ᠃ ᠪᠢ ᠠᠮᠢᠳᠤ ᠪᠠᠢᠪᠠᠯ ᠲᠠᠨ ᠳ᠋ᠤ᠌ ᠡᠷᠭᠢᠵᠦ ᠢᠷᠡᠨ᠎ᠡ ᠭᠡᠵᠦ ᠬᠠᠨᠳᠡᠮᠦᠷ ᠡᠷᠡᠰ ᠬᠠᠲᠠᠭᠤ ᠪᠠᠰᠠ ᠵᠠᠨᠤᠯᠲᠠᠢ ᠬᠡᠯᠡᠭᠡᠳ ᠨᠢᠳᠦᠨ ᠳ᠋ᠡᠭᠡᠨ ᠳᠦᠭᠦᠷᠡᠩ ᠮᠡᠯᠲᠡᠷᠡᠬᠦ ᠨᠢᠯᠪᠤᠰᠤ ᠶ᠋ᠢ ᠨᠢᠭᠤᠨ ᠪᠤᠰᠢᠭᠤᠬᠠᠨ ᠡᠷᠭᠢᠪᠡ᠃ ᠬᠠᠨᠳᠡᠮᠦᠷ ᠦ᠋ᠨ ᠡᠨᠡ ᠦᠭᠡ ᠵᠠᠮᠤᠬ᠎ᠠ ᠶ᠋ᠢᠨ ᠬᠠᠲᠠᠭᠤ ᠴᠢᠩᠭ᠎ᠠ ᠰᠡᠳᠬᠢᠯ ᠢ᠋ ᠴᠦ᠍ ᠡᠷᠬᠡ ᠦᠭᠡᠢ ᠤᠶᠠᠷᠠᠭᠤᠯᠵᠠᠢ᠃
— ᠬᠠᠨᠲᠡᠮᠦᠷ᠃ ᠴᠢ ᠢᠩᠭᠢᠵᠦ ᠰᠢᠢᠳᠪᠡᠯ ᠲᠦᠷᠭᠡᠨ ᠡᠷᠭᠢᠵᠦ ᠢᠷ᠎ᠡ᠃ ᠪᠢ ᠴᠢᠮᠠᠶ᠋ᠢ ᠢᠷᠡᠮᠡᠭᠴᠡ ᠥᠪᠡᠷ ᠦ᠋ᠨ ᠴᠡᠷᠢᠭ ᠢ᠋ᠶ᠋ᠡᠨ ᠠᠪᠴᠤ ᠰᠥᠨᠢ ᠳᠦᠯᠢ ᠪᠡᠷ ᠳᠠᠶᠠᠨ ᠬᠠᠨ ᠢ᠋ ᠬᠠᠶᠠᠵᠤ ᠣᠳᠤᠨ᠎ᠠ᠃
— ᠵᠠ᠃
ᠬᠠᠨᠲᠡᠮᠦᠷ ᠦ᠋ᠨ ᠰᠡᠳᠬᠢᠯ ᠳ᠋ᠦ᠍ ᠡᠵᠡᠨ ᠦ᠌ ᠪᠡᠨ ᠲᠥᠯᠥᠭᠡ ᠠᠮᠢ ᠪᠠᠨ ᠥᠭᠬᠦ ᠭᠠᠯᠵᠠᠭᠤᠷᠠᠭᠰᠠᠨ ᠬᠦᠰᠡᠯ ᠵᠣᠷᠢᠭ ᠣᠪᠣᠯᠵᠠᠵᠤ ᠪᠠᠢᠯ᠎ᠠ᠃ ᠬᠠᠷᠠᠩᠭᠤᠢ ᠲᠩᠷᠢ ᠡᠴᠡ ᠲᠣᠮᠣ ᠰᠢᠷᠬᠡᠭ ᠲᠡᠢ ᠴᠠᠰᠤ ᠮᠠᠯᠠᠭᠠᠢᠯᠠᠵᠤ ᠡᠬᠢᠯᠡᠪᠡ᠃
— ᠬᠠᠨᠲᠡᠮᠦᠷ᠃ ᠱᠠᠯᠠᠪᠯᠠᠵᠤ ᠦᠵᠡ᠃
ᠬᠠᠨᠲᠡᠮᠦᠷ ᠭᠠᠭᠴᠠᠭᠠᠷ ᠬᠠᠷᠠᠩᠭᠤᠢ ᠳ᠋ᠤ᠌ ᠠᠭᠤᠰᠴᠤ ᠠᠯᠠᠭ᠎ᠠ ᠪᠣᠯᠪᠠ᠃ ᠲᠡᠭᠦᠨ ᠲᠡᠢ ᠬᠠᠮᠲᠤ ᠵᠠᠮᠤᠬ᠎ᠠ ᠶ᠋ᠢᠨ ᠡᠴᠦᠰ ᠦ᠋ᠨ ᠢᠲᠡᠭᠡᠯ ᠨᠠᠢᠳᠠᠪᠤᠷᠢ ᠦᠭᠡᠢ ᠪᠣᠯᠬᠤ ᠰᠢᠭ᠋ ᠰᠠᠨᠠᠭᠳᠠᠨ᠎ᠠ᠃ ᠵᠠᠮᠤᠬ᠎ᠠ ᠬᠡᠵᠢᠶ᠎ᠡ ᠴᠦ᠍ ᠢᠩᠭᠢᠵᠦ ᠭᠠᠭᠴᠠᠭᠠᠷᠳᠠᠨ ᠭᠠᠩᠰᠠᠷᠠᠵᠤ ᠪᠠᠢᠭᠰᠠᠨ ᠦᠭᠡᠢ᠃
— ᠬᠠᠨᠲᠡᠮᠦᠷ ᠢ᠋ ᠮᠢᠨᠢ ᠲᠡᠮᠦᠵᠢᠨ ᠪᠦᠦ ᠠᠯᠠᠴᠢᠬᠠᠭᠠᠰᠠᠢ ᠭᠡᠵᠦ ᠵᠠᠮᠤᠬ᠎ᠠ ᠲᠩᠷᠢ ᠳ᠋ᠦ᠍ ᠮᠥᠷᠭᠥᠪᠡ᠃ ᠪᠠᠯᠴᠢᠷ ᠢᠳᠡᠷ ᠨᠠᠰᠤᠨ ᠠ᠋ᠴᠠ ᠪᠠᠷ᠎ᠠ ᠪᠣᠯᠵᠤ ᠵᠢᠳᠬᠦᠭᠰᠡᠨ ᠬᠠᠨᠲᠡᠮᠦᠷ ᠦ᠋ᠨ ᠬᠤᠪᠢ ᠵᠠᠶᠠᠭᠠᠨ ᠤ᠋ ᠲᠥᠯᠥᠭᠡ ᠠᠩᠬ᠎ᠠ ᠤᠳᠠᠭ᠎ᠠ ᠲᠡᠷᠡ ᠡᠢᠨ ᠬᠦ᠌ ᠦᠨᠡᠨ ᠰᠡᠳᠬᠢᠯ ᠡᠴᠡ ᠪᠡᠨ ᠰᠠᠨᠠᠭ᠎ᠠ ᠵᠣᠪᠠᠵᠤ ᠰᠢᠨᠠᠯᠵᠠᠢ᠃ ᠣᠳᠣ ᠲᠡᠭᠦᠨ ᠦ᠌ ᠬᠢᠵᠦ ᠴᠢᠳᠠᠬᠤ ᠭᠠᠭᠴᠠ ᠶᠠᠭᠤᠮ᠎ᠠ ᠨᠢ ᠲᠩᠷᠢ ᠳ᠋ᠦ᠍ ᠮᠥᠷᠭᠥᠬᠦ ᠯᠡ ᠪᠠᠢᠪᠠ᠃
ᠴᠠᠰᠤ ᠯᠠᠪᠰᠠᠨ ᠬᠠᠶᠠᠯᠠᠬᠤ ᠨᠦᠬᠡ ᠦᠭᠡᠢ ᠬᠠᠷ᠎ᠠ ᠲᠩᠷᠢ ᠶ᠋ᠢᠨ ᠳᠣᠣᠷ᠎ᠠ ᠢᠩᠭᠢᠵᠦ ᠭᠠᠭᠴᠠᠭᠠᠷ ᠬᠠᠶᠠᠭᠳᠠᠬᠤ ᠶ᠋ᠢᠨ ᠲᠥᠯᠥᠭᠡ ᠵᠠᠮᠤᠬ᠎ᠠ ᠴᠢᠰᠤ ᠪᠠᠨ ᠤᠷᠤᠰᠬᠠᠨ ᠴᠠᠪᠴᠢᠯᠳᠤᠵᠤ᠂ ᠴᠤᠯᠪᠤᠭᠤᠷ ᠬᠤᠮᠢᠯ ᠦᠭᠡᠢ ᠳᠣᠪᠲᠣᠯᠭᠠᠵᠤ ᠶᠠᠪᠤᠭᠰᠠᠨ ᠭᠡᠵᠦ ᠤᠤ? ᠣᠳᠣ ᠲᠡᠭᠦᠨ ᠳ᠋ᠦ᠍ ᠬᠡᠨ ᠬᠠᠷᠢᠭᠤ ᠬᠡᠯᠡᠵᠦ᠂ ᠬᠡᠷᠦᠭᠰᠡᠨ ᠪᠣᠳᠣᠯ ᠢ᠋ ᠨᠢ ᠴᠡᠭᠴᠡᠯᠡᠵᠦ ᠲᠤᠰᠠᠯᠠᠬᠤ ᠪᠣᠢ? ᠠᠭᠠᠰᠢᠲᠠᠢ ᠠᠮᠠ ᠲᠠᠢ᠂ ᠡᠯᠳᠡᠪᠯᠡᠭᠴᠢ ᠬᠣᠷᠣᠨ ᠰᠠᠨᠠᠭ᠎ᠠ ᠲᠠᠢ ᠭᠡᠵᠦ ᠠᠳᠠ ᠦᠵᠡᠭᠡᠳ ᠲᠤᠭᠤᠷᠢᠯ ᠤ᠋ᠨ ᠬᠦᠦ ᠰᠡᠩᠭᠦᠮ ᠳ᠋ᠦ᠍ ᠪᠡᠯᠡᠭᠯᠡᠵᠦ ᠣᠷᠬᠢᠭᠰᠠᠨ ᠵᠢᠰᠦ ᠭᠤᠸ᠎ᠠ ᠭᠦᠷᠪᠡᠯᠵᠢᠨ ᠭᠤᠸ᠎ᠠ ᠬᠠᠲᠤᠨ ᠢ᠋ᠶ᠋ᠠᠨ ᠲᠡᠷᠡ ᠬᠠᠮᠤᠭ ᠠ᠋ᠴᠠ ᠲᠦᠷᠦᠭᠦᠨ ᠳ᠋ᠦ᠍ ᠬᠥᠭᠡᠷᠦᠬᠦᠢᠯᠡᠨ ᠪᠣᠳᠣᠪᠠ᠃ ᠬᠡᠴᠢᠨᠡᠨ ᠲᠠᠮᠤᠯᠠᠵᠤ᠂ ᠵᠣᠳᠣᠵᠤ ᠨᠦᠳᠦᠯᠡ ᠴᠦ᠍ ᠤᠯᠠᠮ ᠯᠠ ᠵᠣᠯᠪᠣᠭ᠎ᠠ ᠲᠡᠭᠦᠰ ᠪᠣᠯᠵᠤ᠂ ᠭᠠᠩᠳᠠᠬᠤ ᠦᠭᠡᠢ ᠴᠡᠴᠡᠭ ᠰᠢᠭ ᠥᠩᠭᠡ ᠣᠷᠣᠳᠠᠭ ᠲᠡᠷᠡ ᠬᠠᠷᠢ ᠴᠢᠰᠤᠨ ᠤ᠋ ᠪᠦᠰᠡᠭᠦᠢ ᠠᠭᠤᠯᠵᠠᠭᠰᠠᠨ ᠤᠴᠠᠷᠠᠭᠰᠠᠨ ᠣᠯᠠᠨ ᠡᠮᠡᠰ ᠡᠴᠡ ᠰᠡᠳᠬᠢᠯ ᠦ᠋ᠨ ᠭᠦᠨ ᠳ᠋ᠦ᠍ ᠬᠠᠮᠤᠭ ᠤ᠋ᠨ ᠭᠦᠨᠵᠡᠭᠡᠢ ᠪᠡᠷ ᠰᠢᠩᠭᠡᠨ ᠦᠯᠡᠳᠡᠵᠡᠢ᠃ ᠲᠡᠷᠡ ᠪᠦᠰᠡᠭᠦᠢ ᠬᠣᠷᠣᠲᠠᠢ ᠦᠭᠡ ᠬᠡᠯᠡᠵᠦ ᠬᠣᠶᠠᠷ ᠤ᠋ᠨ ᠳᠤᠮᠳᠠ ᠶᠠᠰᠤ ᠬᠠᠶᠠᠨ ᠬᠠᠮᠤᠭ ᠤ᠋ᠨ ᠶᠡᠬᠡ ᠪᠡᠷ ᠥᠳᠥᠭᠡᠨ ᠬᠠᠳᠬᠤᠵᠤ᠂ ᠰᠡᠳᠬᠢᠯ ᠵᠢᠷᠦᠬᠡ ᠶ᠋ᠢ ᠨᠢ ᠤᠷᠠᠵᠤ ᠰᠡᠪᠲᠦᠭᠦᠯᠳᠡᠭ ᠪᠠᠢᠭᠰᠠᠨ ᠬᠡᠳᠦᠢ ᠴᠦ᠍ ᠢᠩᠭᠢᠵᠦ ᠦᠭᠡᠢᠯᠡᠭᠳᠡᠨ ᠭᠠᠩᠰᠠᠷᠠᠭᠤᠯᠬᠤ ᠶᠤᠮ ᠭᠡᠵᠦ ᠵᠠᠮᠤᠬ᠎ᠠ ᠰᠠᠨᠠᠭᠰᠠᠨ ᠦᠭᠡᠢ᠃ ᠡᠨᠡ ᠵᠣᠪᠠᠯᠠᠩ ᠲᠦᠭᠰᠢᠭᠦᠷᠢ ᠳᠦᠭᠦᠷᠡᠩ ᠠᠮᠢᠳᠤᠷᠠᠯ ᠳ᠋ᠤ᠌ ᠬᠡᠴᠢᠨᠡᠨ ᠶᠡᠬᠡ ᠵᠦᠢᠯ ᠢ᠋ ᠣᠢᠯᠠᠭᠠᠯ ᠦᠭᠡᠢ ᠥᠩᠭᠡᠷᠡᠵᠦ᠂ ᠥᠴᠢᠨᠡᠨ ᠣᠯᠠᠨ ᠠᠯᠳᠠᠭ᠎ᠠ ᠬᠢᠭᠰᠡᠨ ᠢ᠋ᠶ᠋ᠡᠨ ᠤᠬᠠᠭᠠᠷᠠᠨ ᠮᠡᠳᠡᠷᠡᠬᠦ ᠪᠦᠷᠢ ᠳᠠᠬᠢᠨ ᠬᠥᠮᠦᠨ ᠪᠣᠯᠵᠤ ᠲᠥᠷᠥᠬᠦ ᠰᠠᠨ ᠭᠡᠰᠡᠨ ᠪᠣᠳᠣᠯ ᠵᠠᠮᠤᠬ᠎ᠠ ᠶ᠋ᠢ ᠠᠰᠤᠷᠤ ᠬᠦᠴᠦᠲᠡᠢ ᠡᠵᠡᠮᠳᠡᠬᠦ ᠠᠵᠢ᠃ ᠡᠢᠮᠦ ᠬᠠᠴᠢᠷᠬᠠᠯᠲᠠᠢ ᠰᠢᠨ᠎ᠡ ᠪᠣᠳᠣᠯ ᠳ᠋ᠤ᠌ ᠠᠪᠲᠠᠬᠤ ᠶ᠋ᠢᠨ ᠤᠴᠢᠷ ᠨᠢ ᠦᠬᠦᠯ ᠲᠡᠭᠦᠨ ᠳ᠋ᠦ᠍ ᠶᠡᠬᠡ ᠣᠢᠷᠠᠬᠠᠨ ᠢᠷᠡᠭᠰᠡᠨ ᠢ᠋ ᠤᠯᠠᠮ ᠲᠣᠳᠣ ᠭᠡᠷᠡᠴᠢᠯᠡᠨ᠎ᠡ᠃ ᠣᠳᠣ ᠳᠡᠷᠭᠡᠳᠡ ᠨᠢ ᠭᠦᠷᠪᠡᠯᠵᠢᠨ ᠭᠤᠸ᠎ᠠ ᠬᠠᠲᠤᠨ ᠨᠢ ᠪᠠᠢᠭᠰᠠᠨ ᠪᠣᠯ ᠲᠠᠭᠠᠷᠠᠬᠤ ᠦᠭᠡ ᠶ᠋ᠢ ᠠᠯᠢ ᠡᠷᠲᠡ ᠣᠯᠵᠤ ᠬᠡᠯᠡᠭᠡᠳ ᠵᠠᠮᠤᠬ᠎ᠠ ᠶ᠋ᠢᠨ ᠠᠭᠤᠷ ᠬᠢᠯᠢᠩ᠂ ᠪᠠᠷᠳᠠᠮ ᠵᠠᠩ ᠢ᠋ ᠬᠥᠳᠡᠯᠭᠡᠵᠦ ᠴᠢᠳᠠᠬᠤ ᠪᠠᠢᠭᠰᠠᠨ ᠪᠢᠵᠡ᠃ ᠵᠠᠮᠤᠬ᠎ᠠ ᠶ᠋ᠢ ᠪᠤᠰᠤᠳ ᠠ᠋ᠴᠠ᠂ ᠲᠡᠷᠡ ᠳᠤᠮᠳᠠ ᠪᠠᠨ ᠲᠡᠮᠦᠵᠢᠨ ᠡᠴᠡ ᠰᠦᠷ ᠬᠦᠴᠦ ᠮᠡᠬᠦᠰ ᠪᠠᠢᠬᠤ ᠶ᠋ᠢ
ᠭᠦᠷᠪᠡᠯᠵᠢᠨ ᠭᠤᠸ᠎ᠠ ᠲᠡᠪᠴᠢᠵᠦ ᠴᠢᠳᠠᠬᠤ ᠦᠭᠡᠢ ᠪᠥᠭᠡᠳ ᠡᠴᠦᠰ ᠦᠨ ᠮᠥᠴᠡ ᠢᠷᠡᠪᠡᠯ ᠥᠪᠡᠷ ᠢ᠋ᠶ᠋ᠡᠨ ᠴᠦ᠍ ᠰᠡᠯᠡᠮ᠎ᠡ ᠰᠢᠭᠦᠷᠦᠨ ᠲᠡᠮᠦᠵᠢᠨ ᠦ᠌ ᠡᠰᠡᠷᠭᠦ ᠲᠡᠮᠡᠴᠡᠨ ᠪᠣᠰᠬᠤ ᠨᠢ ᠲᠣᠳᠣᠷᠬᠠᠢ ᠰᠠᠨᠠᠭᠳᠠᠨ᠎ᠠ᠃ ᠬᠠᠪᠤᠷ ᠤ᠋ᠨ ᠬᠤᠪᠢᠷᠠᠮᠠᠲᠠᠭᠠᠢ ᠰᠠᠯᠬᠢ ᠰᠢᠭ᠋ ᠦᠯᠦ ᠲᠠᠢᠪᠤᠰᠢᠷᠠᠬᠤ᠂ ᠦᠷᠭᠦᠯᠵᠢ ᠲᠠᠴᠢᠶᠠᠳᠠᠨ ᠲᠡᠮᠡᠤᠯᠠᠬᠦ ᠰᠡᠳᠬᠢᠯ ᠢ ᠭᠦᠷᠪᠡᠯᠵᠢᠨ ᠭᠤᠸ᠎ᠠ ᠯᠠ ᠲᠡᠭᠦᠨ ᠳ᠋ᠦ᠍ ᠬᠠᠯᠳᠠᠪᠤᠷᠢᠯᠠᠭᠤᠯᠤᠨ᠂ ᠦᠬᠦᠯ ᠦ᠋ᠨ ᠥᠷᠢᠰᠦᠯᠳᠦᠭᠡᠨ ᠳ᠋ᠦ᠍ ᠦᠷᠭᠦᠯᠵᠢ ᠤᠷᠢᠶᠠᠯᠠᠨ ᠳᠠᠭᠤᠳᠠᠳᠠᠭ ᠪᠠᠢᠭᠰᠠᠨ ᠢ ᠣᠳᠣ ᠯᠠ ᠣᠢᠯᠠᠭᠠᠪᠠ᠂ ᠲᠡᠷᠡ ᠪᠦᠰᠡᠭᠦᠢ ᠪᠥᠷᠲᠡ ᠶ᠋ᠢ᠂ ᠪᠠᠰᠠ ᠲᠡᠮᠦᠵᠢᠨ ᠢ᠋ ᠵᠦᠭᠡᠷ ᠨᠢᠭᠡ ᠮᠤᠬᠤᠷ ᠠᠲᠠᠭᠠᠷᠬᠠᠯ ᠢ᠋ᠶ᠋ᠠᠷ ᠦᠵᠡᠨ ᠶᠠᠳᠠᠭᠰᠠᠨ ᠦᠭᠡᠢ᠂ ᠪᠦᠷ ᠤᠰᠠᠳᠬᠠᠨ ᠰᠥᠨᠥᠭᠡᠵᠦ ᠥᠪᠡᠷ ᠲᠡᠭᠡᠨ ᠳᠠᠭᠠᠭᠤᠯᠤᠨ ᠠᠪᠬᠤ ᠶ᠋ᠢ ᠬᠦᠰᠡᠵᠦ ᠪᠠᠢᠵᠠᠢ᠃ ᠡᠨᠡ ᠪᠠᠰᠠ ᠵᠠᠮᠤᠬ᠎ᠠ ᠶ᠋ᠢᠨ ᠬᠦᠰᠡᠯ ᠶᠤᠮ᠃ ᠵᠠᠮᠤᠬ᠎ᠠ ᠶ᠋ᠢᠨ ᠥᠪᠡᠷ ᠡᠴᠡ ᠪᠡᠨ ᠴᠦ᠍ ᠨᠢᠭᠤᠵᠤ ᠶᠠᠪᠤᠳᠠᠭ ᠡᠨᠡ ᠬᠦᠰᠡᠯ ᠦ᠋ᠨ ᠠᠮᠢᠳᠤ ᠢᠯᠡᠷᠬᠡᠢᠯᠡᠯ᠂ ᠠᠰᠠᠭᠠᠨ ᠲᠡᠪᠡᠷᠡᠭᠡᠭᠴᠢ ᠨᠢ ᠭᠦᠷᠪᠡᠯᠵᠢᠨ ᠭᠤᠸ᠎ᠠ ᠪᠠᠢᠵᠠᠢ᠃ ᠲᠡᠢᠮᠦ ᠠᠳᠠ ᠶ᠋ᠢᠨ ᠭᠠᠯ ᠬᠠᠯᠠᠭᠤᠨ ᠬᠦᠰᠡᠯᠲᠡᠢ ᠲᠡᠭᠦᠨ ᠢ ᠦᠯᠦ ᠣᠢᠯᠠᠭᠠᠨ ᠵᠣᠳᠣᠵᠤ ᠲᠠᠷᠴᠢᠯᠠᠭᠠᠨ ᠨᠢᠯᠪᠤᠰᠤ ᠶ᠋ᠢ ᠨᠢ ᠪᠠᠷᠠᠵᠤ ᠪᠠᠢᠭᠰᠠᠨ ᠳ᠋ᠠᠭᠠᠨ ᠬᠠᠷᠠᠮᠰᠠᠪᠠᠴᠤ ᠣᠷᠣᠢᠲᠠᠵᠠᠢ᠃ ᠪᠠᠷᠠᠭᠤᠨ ᠵᠦᠭ ᠦ᠋ᠨ ᠺᠠᠰᠫᠢ ᠶ᠋ᠢᠨ ᠲᠠᠩᠭᠢᠰ ᠤ᠋ᠨ ᠳᠡᠷᠭᠡᠳᠡᠬᠢ ᠵᠥᠭᠡᠯᠡᠨ ᠳᠤᠯᠠᠭᠠᠨ ᠠᠭᠤᠷ ᠠᠮᠢᠰᠬᠤᠯ ᠲᠠᠢ ᠨᠤᠲᠤᠭ ᠠ᠋ᠴᠠ ᠭᠠᠷᠤᠯ ᠲᠠᠢ ᠬᠠᠷᠢ ᠴᠢᠰᠤᠨ ᠤ᠋ ᠡᠨᠡ ᠪᠦᠰᠡᠭᠦᠢ ᠴᠣᠬᠣᠮ ᠶᠠᠮᠠᠷ ᠦᠢᠯᠡ ᠶ᠋ᠢᠨ ᠦᠷ᠎ᠡ ᠪᠡᠷ ᠡᠪᠦᠯ ᠦ᠋ᠨ ᠬᠦᠢᠲᠡᠨ ᠵᠢᠪᠠᠷ ᠰᠢᠭ᠋ ᠲᠣᠭᠰᠢᠨ ᠰᠢᠷᠦᠭᠦᠨ ᠵᠠᠩ ᠲᠠᠢ ᠵᠠᠮᠤᠬ᠎ᠠ ᠳ᠋ᠤ᠌ ᠢᠷᠡᠭᠰᠡᠨ ᠶᠤᠮ ᠪᠣᠯ? ᠭᠦᠷᠪᠡᠯᠵᠢᠨ ᠭᠤᠸ᠎ᠠ ᠶ᠋ᠢ ᠳᠡᠷᠭᠡᠳᠡ ᠪᠡᠨ ᠪᠠᠢᠭᠰᠠᠨ ᠪᠣᠯ ᠵᠠᠮᠤᠬ᠎ᠠ ᠡᠪᠦᠳᠦᠭ ᠰᠥᠬᠥᠷᠡᠨ ᠥᠷᠥᠰᠢᠶᠡᠯ ᠭᠤᠶᠤᠬᠤ ᠳ᠋ᠤ᠌ ᠪᠡᠯᠡᠨ ᠪᠠᠢᠪᠠ᠃ ᠣᠳᠣ ᠭᠡᠪᠡᠴᠦ ᠲᠡᠷᠡ ᠭᠠᠯ ᠬᠠᠯᠠᠭᠤᠨ ᠰᠡᠳᠬᠢᠯᠲᠦ ᠪᠦᠰᠡᠭᠦᠢ ᠳᠡᠷᠭᠡᠳᠡ ᠨᠢ ᠠᠯᠠᠭ᠎ᠠ᠃ ᠰᠡᠩᠭᠦᠮ ᠰᠦᠢᠷᠡᠵᠦ ᠦᠭᠡᠢ ᠪᠣᠯᠤᠭᠰᠠᠨ ᠪᠣᠯᠬᠣᠷ ᠭᠦᠷᠪᠡᠯᠵᠢᠨ ᠭᠤᠸ᠎ᠠ ᠦᠬᠦᠭᠰᠡᠨ᠂ ᠠᠯᠢ ᠡᠰᠡᠪᠡᠯ ᠲᠡᠮᠦᠵᠢᠨ ᠦ᠌ ᠰᠢᠳᠠᠷ ᠤ᠋ᠳ ᠤ᠋ᠨ ᠬᠡᠨ ᠨᠢᠭᠡ ᠨᠢ ᠣᠯᠵᠠᠯᠠᠵᠤ ᠠᠪᠤᠭᠠᠳ᠂ ᠳᠤᠷ᠎ᠠ ᠬᠦᠰᠡᠯ ᠢ᠋ᠶ᠋ᠡᠨ ᠬᠠᠩᠭᠠᠵᠤ ᠬᠡᠪᠲᠡᠭᠡ ᠴᠦ᠍ ᠶᠤᠮ ᠪᠢᠯᠡ ᠤᠤ? ᠦᠬᠦᠭᠰᠡᠨ ᠪᠣᠯ ᠪᠠᠭᠠᠬᠠᠨ ᠰᠢᠭ᠋ ᠵᠣᠪᠠᠵᠤ ᠰᠢᠨᠠᠯᠤᠭᠰᠠᠨ ᠪᠠᠢᠭᠠᠰᠠᠢ ᠭᠡᠵᠦ ᠪᠣᠳᠣᠪᠠ᠃ ᠬᠠᠷᠢᠨ ᠵᠠᠮᠤᠬ᠎ᠠ ᠪᠤᠰᠤᠳ ᠬᠠᠲᠤᠳ᠂ ᠲᠡᠷᠡ ᠳᠤᠮᠳᠠ ᠠ᠋ᠴᠠ ᠪᠠᠭ᠎ᠠ ᠬᠠᠲᠤᠨ ᠰᠦᠨ ᠭᠡᠭᠡᠨ ᠳ᠋ᠦ᠍ ᠣᠭᠲᠣᠬᠠᠨ ᠴᠤ᠌ ᠰᠠᠨᠠᠭ᠎ᠠ ᠵᠣᠪᠠᠭᠰᠠᠨ ᠦᠭᠡᠢ᠃ ᠲᠣᠯᠣᠭᠠᠢ ᠳᠡᠭᠡᠷ᠎ᠡ ᠡᠴᠡ ᠴᠠᠰᠤ ᠯᠠᠪᠰᠠᠨ ᠣᠷᠣᠵᠤ᠂ ᠳᠡᠷᠭᠡᠳᠡᠭᠦᠷ ᠨᠢ ᠬᠦᠢᠲᠡᠨ ᠰᠠᠯᠬᠢ ᠢᠰᠬᠡᠷᠴᠦ ᠪᠠᠢᠪᠠ᠃ ᠶᠠᠮᠠᠷ ᠲᠡᠭᠦᠰᠬᠡᠯ᠂ ᠶᠠᠮᠠᠷ ᠬᠤᠪᠢ ᠲᠠᠪᠢᠯᠠᠩ ᠬᠦᠯᠢᠶᠡᠵᠦ ᠪᠠᠢᠭ᠎ᠠ ᠶ᠋ᠢ ᠵᠠᠮᠤᠬ᠎ᠠ ᠨᠢᠭᠡᠨᠲᠡ ᠮᠡᠳᠡᠵᠦ ᠪᠠᠢᠪᠠᠴᠤ ᠠᠶᠠᠷ ᠳᠣᠷᠣᠢ ᠪᠠᠷ ᠪᠠᠭᠤᠵᠤ ᠥᠭᠬᠦ ᠶ᠋ᠢ ᠬᠦᠰᠡᠭᠰᠡᠨ ᠦᠭᠡᠢ᠃ ᠴᠣᠬᠣᠮ ᠶᠠᠭᠤ ᠬᠢᠬᠦ ᠭᠡᠳ ᠪᠠᠢᠭ᠎ᠠ ᠪᠠᠨ ᠥᠪᠡᠷ ᠢ᠋ᠶ᠋ᠡᠨ ᠴᠦ᠍ ᠮᠡᠳᠡᠬᠦ ᠦᠭᠡᠢ ᠪᠠᠢᠪᠠ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂
ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂
ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ ᠂ ᠭᠠᠷᠮ᠎ᠠ᠂ ᠨᠠᠷᠠᠨ᠂
ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ
