ᠪᠥᠷᠲᠡ- ᠬᠦᠰᠡᠯ᠂ ᠬᠣᠷᠣᠰᠤᠯ ᠤ᠋ᠨ ᠨᠢᠭᠤᠴᠠ-ᠴᠢᠩᠭᠢᠰ ᠬᠠᠭᠠᠨ ᠊ᠤ᠌ ᠨᠢᠭᠤᠴᠠ ᠲᠡᠦᠬᠡ03Бөртэ-Хүсэл, хорслын нууцKhüsel, khorslyn nuuts ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠥᠷᠲᠡ- ᠬᠦᠰᠡᠯ᠂ ᠬᠣᠷᠣᠰᠤᠯ ᠤ᠋ᠨ ᠨᠢᠭᠤᠴᠠ-ᠴᠢᠩᠭᠢᠰ ᠬᠠᠭᠠᠨ ᠊ᠤ᠌ ᠨᠢᠭᠤᠴᠠ ᠲᠡᠦᠬᠡ03Бөртэ-Хүсэл, хорслын нууцKhüsel, khorslyn nuuts

ᠪᠥᠷᠲᠡ- ᠬᠦᠰᠡᠯ᠂ ᠬᠣᠷᠣᠰᠤᠯ ᠤ᠋ᠨ ᠨᠢᠭᠤᠴᠠ-ᠴᠢᠩᠭᠢᠰ ᠬᠠᠭᠠᠨ ᠊ᠤ᠌ ᠨᠢᠭᠤᠴᠠ ᠲᠡᠦᠬᠡ03Бөртэ-Хүсэл, хорслын нууцKhüsel, khorslyn nuuts

ᠠᠩᠭᠢᠯᠠᠯ:ᠲᠡᠦᠬᠡ ᠰᠣᠶᠣᠯ
2025-03-20

1100

ᠪᠥᠷᠲᠡ- ᠬᠦᠰᠡᠯ᠂ ᠬᠣᠷᠣᠰᠤᠯ ᠤ᠋ᠨ ᠨᠢᠭᠤᠴᠠ 

    ᠵᠥᠴᠢ ᠦᠨᠡᠬᠡᠷ ᠭᠠᠢᠬᠠᠮᠠᠷ ᠰᠡᠷᠭᠦᠯᠡᠩ ᠭᠠᠪᠰᠢᠭᠠᠢ ᠵᠠᠯᠠᠭᠤ ᠪᠣᠯᠤᠨ ᠥᠰᠴᠦ ᠪᠣᠢ ᠨᠢ ᠪᠥᠷᠲᠡ ᠶ᠋ᠢ ᠨᠢᠭᠡ ᠲᠠᠯ᠎ᠠ ᠪᠠᠷ ᠪᠠᠶᠠᠷᠯᠠᠭᠤᠯᠵᠤ ᠨᠥᠭᠦᠭᠡ ᠲᠠᠯ᠎ᠠ ᠪᠠᠷ ᠲᠦᠭᠰᠢᠭᠦᠯᠦᠨ᠎ᠡ᠃ᠲᠦᠭᠰᠢᠬᠦ ᠤᠴᠢᠷ ᠲᠡᠭᠦᠨ ᠳ᠋ᠦ᠍ ᠪᠠᠢᠭᠰᠠᠨ ᠪᠢᠯᠡ᠃ᠤᠴᠢᠷ ᠨᠢ ᠲᠡᠮᠦᠵᠢᠨ ᠥᠪᠡᠷ ᠦ᠋ᠨ ᠬᠥᠪᠡᠭᠦᠨ ᠴᠠᠭᠠᠲᠠᠢ ᠶ᠋ᠢ ᠤᠯᠠᠭᠠᠨ ᠴᠡᠢᠮ᠎ᠡ ᠡᠷᠬᠡᠯᠡᠭᠦᠯᠵᠦ ᠥᠭᠡᠬᠦᠰᠢᠭᠦᠯᠬᠦ ᠪᠥᠭᠡᠳ ᠥᠰᠴᠦ ᠲᠣᠮᠣᠷᠠᠬᠤ ᠲᠣᠰᠤᠮ ᠴᠠᠭᠠᠲᠠᠢ ᠶ᠋ᠢᠨ ᠵᠠᠩ ᠠᠭᠠᠰᠢ ᠪᠠᠷᠳᠠᠮ ᠳᠡᠭᠡᠷᠡᠩᠭᠦᠢ᠂ ᠣᠮᠣᠭᠯᠠᠩ ᠳᠣᠭᠰᠢᠨ ᠪᠣᠯᠵᠤ᠂ ᠵᠥᠴᠢ ᠶ᠋ᠢ ᠠᠬ᠎ᠠ ᠶ᠋ᠢ ᠪᠡᠨ ᠭᠡᠵᠦ ᠦᠯᠦ ᠦᠵᠡᠨ ᠳᠣᠷᠣᠮᠵᠢᠯᠠᠨ ᠳᠡᠭᠡᠷᠡᠯᠬᠡᠬᠦ ᠨᠢ ᠡᠨᠡᠭᠦᠬᠡᠨ ᠳ᠋ᠦ᠍ ᠪᠣᠯᠤᠭᠰᠠᠭᠠᠷ ᠪᠠᠢᠪᠠ᠃ᠵᠥᠴᠢ ᠴᠠᠭᠠᠲᠠᠢ ᠬᠣᠶᠠᠷ ᠤ᠋ᠨ ᠵᠥᠷᠢᠴᠡᠯ ᠬᠡᠷᠡᠭᠦᠯ ᠲᠡᠮᠦᠵᠢᠨ ᠦ᠌ ᠨᠡᠷ᠎ᠡ ᠰᠦᠷ ᠥᠰᠬᠦ ᠶ᠋ᠢᠨ ᠬᠢᠷᠢ ᠪᠡᠷ ᠭᠦᠨᠵᠡᠭᠡᠢᠷᠡᠵᠦ ᠵᠥᠴᠢ ᠶ᠋ᠢ ᠠᠷᠪᠠᠨ ᠲᠠᠪᠤᠨ ᠨᠠᠰᠤ ᠬᠦᠷᠦᠭᠰᠡᠨ ᠦ᠌ ᠬᠣᠢᠨ᠎ᠠ ᠨᠢᠭᠡ ᠡᠳᠦᠷ ᠪᠥᠷᠲᠡ ᠶ᠋ᠢᠨ ᠲᠡᠪᠴᠢᠶᠡᠷᠢ ᠶ᠋ᠢ ᠪᠠᠷᠠᠭᠰᠠᠨ ᠬᠡᠷᠡᠭ ᠪᠣᠯᠤᠯ᠎ᠠ᠃ᠶᠠᠳᠠᠵᠤ ᠡᠨᠡ ᠦᠶ᠎ᠡ ᠳ᠋ᠦ᠍ ᠲᠡᠮᠦᠵᠢᠨ ᠲᠤᠭᠤᠷᠢᠯ ᠬᠠᠨ ᠲᠠᠢ ᠨᠢᠭᠡᠳᠦᠨ ᠲᠠᠲ᠋ᠠᠷ ᠤ᠋ᠨ ᠮᠡᠭᠦᠵᠢᠨ ᠰᠡᠭᠦᠯᠲᠦ ᠶ᠋ᠢ ᠰᠥᠨᠥᠭᠡᠭᠡᠳ ᠡᠷᠭᠢᠨ ᠢᠷᠡᠵᠦ ᠠᠮᠵᠢᠭ᠎ᠠ ᠦᠭᠡᠢ ᠡᠵᠡᠭᠦᠢ ᠪᠠᠢᠵᠠᠢ᠃ᠡᠷᠲᠡᠨ ᠦ᠌ ᠥᠰᠲᠦ ᠲᠠᠲ᠋ᠠᠷ ᠢ᠋ ᠳᠠᠷᠤᠨ ᠰᠥᠨᠥᠭᠡᠭᠰᠡᠨ ᠢᠯᠠᠯᠲᠠ ᠶ᠋ᠢᠨ ᠶᠡᠬᠡ ᠪᠠᠶᠠᠷ ᠲᠤ᠌ ᠲᠠᠯ᠎ᠠ ᠨᠤᠲᠤᠭ ᠲᠡᠷᠡ ᠴᠢᠭ ᠲᠡᠭᠡᠨ ᠤᠮᠪᠠᠵᠤ ᠪᠠᠢᠭᠰᠠᠨ ᠦᠶ᠎ᠡ ᠪᠢᠯᠡ᠃ᠤᠷᠲᠤ ᠵᠢᠯ ᠨᠢ ᠲᠠᠢᠴᠢᠭᠤᠳ ᠠᠢᠮᠠᠭ ᠤ᠋ᠨ ᠠᠭᠤᠴᠤ ᠪᠠᠭᠠᠲᠤᠷ ᠢ᠋ ᠳᠠᠷᠤᠵᠤ᠂ ᠣᠯᠵᠠᠯᠠᠨ ᠠᠪᠤᠭᠰᠠᠨ ᠨᠤᠮᠤ ᠰᠤᠮᠤ ᠶ᠋ᠢ ᠲᠡᠮᠦᠵᠢᠨ ᠴᠠᠭᠠᠲᠠᠢ ᠳ᠋ᠤ᠌ ᠪᠡᠯᠡᠭᠯᠡᠭᠰᠡᠨ ᠨᠢ ᠡᠨᠡ ᠬᠡᠷᠡᠭ ᠶᠠᠪᠤᠳᠠᠯ ᠤ᠋ᠨ ᠰᠢᠯᠲᠠᠭ ᠪᠣᠯᠵᠠᠢ᠃ᠶᠡᠬᠡ ᠭᠡᠷ ᠲᠦ᠍ ᠵᠥᠴᠢ ᠴᠠᠭᠠᠲᠠᠢ ᠬᠣᠶᠠᠷ ᠨᠤᠮᠤ ᠰᠤᠮᠤ ᠪᠤᠯᠢᠶᠠᠯᠳᠤᠨ ᠬᠡᠷᠡᠯᠳᠦᠭᠡᠳ ᠰᠡᠭᠦᠯ ᠳ᠋ᠡᠭᠡᠨ ᠵᠣᠳᠣᠯᠳᠤᠵᠤ ᠡᠬᠢᠯᠡᠬᠦ ᠶ᠋ᠢ ᠭᠡᠷ ᠦ᠋ᠨ ᠭᠠᠳᠠᠨ᠎ᠠ ᠠᠭᠠᠷᠴᠠ ᠱᠦᠭᠦᠵᠦ ᠪᠠᠢᠭᠰᠠᠨ ᠪᠥᠷᠲᠡ ᠰᠣᠨᠣᠰᠤᠭᠰᠠᠨ ᠴᠤ᠌ ᠣᠷᠣᠵᠤ ᠲᠥᠪᠳᠡᠭᠰᠡᠨ ᠦᠭᠡᠢ᠃ᠤᠴᠢᠷ ᠨᠢ ᠨᠠᠰᠤᠨ ᠳ᠋ᠤ᠌ ᠬᠦᠷᠴᠦ ᠪᠣᠢ ᠬᠥᠪᠡᠭᠦᠳ ᠡᠨᠡ ᠮᠡᠲᠦ ᠬᠡᠷᠡᠭ ᠢ᠋ ᠥᠪᠡᠷᠰᠡᠳ ᠦ᠋ᠨ ᠤᠬᠠᠭᠠᠨ ᠢ᠋ᠶ᠋ᠠᠷ ᠰᠢᠢᠳᠴᠦ ᠰᠤᠷᠬᠤ ᠶᠣᠰᠣᠲᠠᠢ ᠭᠡᠵᠦ ᠪᠥᠷᠲᠡ ᠦᠵᠡᠵᠦ ᠪᠠᠢᠪᠠ᠃ᠲᠡᠷᠡ ᠤᠭ ᠡᠴᠡ ᠣᠯᠠᠨ ᠤ᠋ ᠨᠢᠳᠦᠨ ᠳᠡᠭᠡᠷ᠎ᠡ ᠵᠥᠴᠢ ᠶ᠋ᠢ ᠢᠯᠡᠳᠲᠡ ᠥᠮᠥᠭᠯᠡᠬᠦ ᠪᠡᠨ ᠪᠣᠯᠢᠭᠰᠠᠨ ᠪᠣᠯᠪᠠᠴᠤ ᠭᠡᠨᠡ ᠭᠡᠨᠡ ᠬᠥᠪᠡᠭᠦᠨ ᠢ᠋ᠶ᠋ᠡᠨ ᠥᠮᠥᠭᠡᠷᠡᠬᠦ ᠳ᠋ᠡᠭᠡᠨ ᠭᠣᠮᠣᠳᠠᠯ ᠢ᠋ᠶ᠋ᠠᠨ ᠲᠡᠪᠴᠢᠵᠦ ᠴᠢᠳᠠᠬᠤ ᠦᠭᠡᠢ ᠵᠣᠳᠣᠵᠤ ᠣᠷᠬᠢᠳᠠᠭ ᠪᠢᠯᠡ᠃ᠵᠥᠴᠢ ᠴᠦ᠍ ᠡᠬᠡ ᠶ᠋ᠢᠨ ᠢ᠋ᠶ᠋ᠡᠨ ᠡᠨᠡ ᠰᠡᠳᠬᠢᠯ ᠦ᠋ᠨ ᠴᠢᠨᠠᠳᠤ ᠪᠠᠢᠳᠠᠯ ᠢ᠋ ᠭᠠᠳᠠᠷᠯᠠᠬᠤ ᠲᠤᠯᠠ ᠡᠬᠡ ᠡᠴᠡ ᠲᠣᠬᠣᠢ ᠥᠨᠳᠥᠷ ᠪᠣᠯᠤᠭᠰᠠᠨ ᠴᠤ᠌ ᠵᠣᠳᠣᠬᠤ ᠳ᠋ᠤᠨᠢ ᠦᠭᠡ ᠳᠠᠭᠤ ᠦᠭᠡᠢ ᠡᠪᠬᠡᠷᠡᠨ ᠬᠡᠪᠲᠡᠬᠦ ᠶᠤᠮ ᠤᠤ ᠵᠢᠭᠤᠲᠠᠨ ᠣᠳᠳᠠᠭ ᠪᠠᠢᠯ᠎ᠠ᠃ᠲᠡᠭᠡᠭᠡᠳ ᠬᠦᠦ ᠪᠡᠨ ᠵᠣᠳᠣᠭᠰᠠᠨ ᠳ᠋ᠠᠭᠠᠨ ᠭᠡᠮᠰᠢᠨ ᠰᠥᠨᠢ ᠵᠥᠴᠢ ᠶ᠋ᠢᠨ ᠳᠤᠬᠤ ᠶ᠋ᠢ ᠦᠨᠦᠷᠯᠡᠨ ᠭᠠᠰᠢᠭᠤᠨ ᠨᠢᠯᠪᠤᠰᠤ ᠪᠠᠨ ᠠᠰᠬᠠᠷᠠᠭᠤᠯᠤᠨ ᠴᠢᠮᠡᠭᠡ ᠦᠭᠡᠢ ᠤᠬᠢᠯᠠᠬᠤ ᠶ᠋ᠢ ᠰᠡᠷᠡᠭᠦᠨ ᠴᠦ᠍ ᠭᠡᠯ᠎ᠡ ᠤᠨᠲᠠᠭᠰᠠᠨ ᠳᠦᠷᠢ ᠦᠵᠡᠭᠦᠯᠬᠦ ᠵᠥᠴᠢ ᠮᠡᠳᠡᠳᠡᠭ ᠪᠥᠭᠡᠳ ᠪᠠᠰᠠ ᠯᠠ ᠰᠡᠳᠬᠢᠯ ᠳ᠋ᠡᠭᠡᠨ ᠤᠬᠢᠯᠠᠵᠤ ᠬᠡᠨ ᠡᠴᠡ ᠴᠦ᠍ ᠶᠤᠮ ᠪᠣᠢ ᠡᠬᠡ ᠶ᠋ᠢᠨ ᠢ᠋ᠶ᠋ᠡᠨ ᠨᠢᠯᠪᠤᠰᠤᠨ ᠤ᠋ ᠥᠰᠢᠶ᠎ᠡ ᠶ᠋ᠢ ᠠᠪᠬᠤ ᠬᠦᠰᠡᠯ ᠳ᠋ᠦ᠍ ᠰᠢᠲᠠᠵᠤ ᠬᠡᠪᠲᠡᠳᠡᠭ ᠪᠥᠯᠥᠭᠡ᠃ᠵᠥᠴᠢ ᠬᠡᠦᠬᠡᠳ ᠭᠡᠬᠦ ᠪᠡᠷ ᠦᠭᠡᠢ ᠬᠡᠷᠰᠡᠦ ᠤᠬᠠᠭᠠᠨ ᠲᠠᠢ᠂ ᠪᠠᠰᠠ ᠲᠡᠪᠴᠢᠶᠡᠷᠢ ᠲᠡᠢ ᠬᠣᠯᠠ ᠶ᠋ᠢᠨ ᠳᠠᠯᠳᠠ ᠢᠵᠠᠭᠤᠷ ᠪᠣᠳᠣᠯ ᠲᠠᠢ ᠪᠢᠯᠡ᠃ᠥᠪᠡᠷ ᠦ᠋ᠨ ᠬᠡᠨ ᠪᠣᠯᠬᠤ᠂ ᠶᠠᠭᠤᠨ ᠤ᠋ ᠤᠴᠢᠷ ᠲᠥᠷᠥᠭᠰᠡᠨ᠂ ᠴᠠᠭᠠᠲᠠᠢ ᠶᠠᠭᠠᠬᠢᠭᠠᠳ ᠥᠪᠡᠷ ᠡᠴᠡ ᠨᠢ ᠢᠯᠡᠭᠦᠦ ᠶᠡᠬᠡ ᠪᠠᠷᠳᠠᠮ ᠳᠡᠭᠡᠷᠡᠩᠭᠦᠢ ᠪᠠᠢᠳᠠᠭ ᠤ᠋ᠨ ᠤᠴᠢᠷ ᠢ᠋ ᠵᠥᠴᠢ ᠴᠥᠮ ᠢ᠋ ᠮᠡᠳᠡᠳᠡᠭ ᠪᠠᠢᠪᠠ᠃ᠭᠡᠪᠡᠴᠦ ᠲᠡᠷᠡ ᠴᠠᠭᠠᠲᠠᠢ ᠶ᠋ᠢᠨ ᠠᠳᠠᠯᠢ ᠪᠣᠷᠵᠢᠭᠢᠨ ᠠᠢᠮᠠᠭ ᠤ᠋ᠨ ᠬᠠᠨ ᠤ᠋ ᠵᠠᠯᠭᠠᠮᠵᠢᠯᠠᠭᠴᠢ ᠪᠣᠯᠬᠤ ᠶ᠋ᠢ ᠲᠤᠢᠯ ᠤ᠋ᠨ ᠶᠡᠬᠡ ᠬᠦᠰᠡᠬᠦ ᠲᠤᠯᠠ ᠳᠣᠷᠣᠮᠵᠢᠯᠠᠯ ᠪᠦᠭᠦᠳᠡ ᠶ᠋ᠢ ᠲᠡᠰᠴᠦ ᠭᠠᠭᠴᠠᠬᠠᠨ ᠲᠡᠮᠦᠵᠢᠨ ᠡᠴᠢᠭᠡ ᠶ᠋ᠢᠨ ᠢ᠋ᠶ᠋ᠡᠨ ᠢᠲᠡᠭᠡᠯ ᠢ᠋ ᠣᠯᠬᠤ ᠶ᠋ᠢ ᠯᠡ ᠴᠢᠷᠮᠠᠢᠨ᠎ᠠ᠃ᠡᠬᠡ ᠨᠢ ᠴᠦ᠍ ᠢᠩᠭᠢᠵᠦ ᠰᠤᠷᠭᠠᠳᠠᠭ ᠪᠠᠢᠪᠠ᠃
ᠬᠥᠪᠡᠭᠦᠳ ᠦ᠋ᠨ ᠬᠡᠷᠡᠭᠦᠯ ᠲᠤᠢᠯ ᠳ᠋ᠠᠭᠠᠨ ᠬᠦᠷᠴᠦ ᠴᠠᠭᠠᠲᠠᠢ ᠶ᠋ᠢᠨ
— ᠴᠢ ᠮᠠᠭᠤ ᠮᠡᠷᠭᠢᠳ ᠦ᠋ᠨ ᠣᠷᠬᠢᠳᠠᠰᠤ! ᠮᠠᠨ ᠤ᠋ ᠭᠡᠷ ᠡᠴᠡ ᠵᠠᠢᠯᠠ! ᠭᠡᠵᠦ ᠬᠠᠰᠬᠢᠷᠴᠤ᠂ ᠳᠠᠷᠠᠭ᠎ᠠ ᠨᠢ ᠴᠠᠭᠠᠲᠠᠢ ᠶ᠋ᠢᠨ ᠶᠣᠣᠯᠠᠬᠤ᠂ ᠵᠥᠴᠢ ᠶ᠋ᠢᠨ ᠣᠷᠢᠯᠠᠬᠤ ᠶ᠋ᠢ ᠰᠣᠨᠣᠰᠤᠭᠠᠳ ᠪᠥᠷᠲᠡ ᠭᠦᠶᠦᠨ ᠣᠷᠣᠪᠠᠯ ᠬᠡᠷᠡᠭ ᠨᠢᠭᠡᠨᠲᠡ ᠥᠩᠭᠡᠷᠡᠵᠡᠢ᠃ᠵᠥᠴᠢ ᠳ᠋ᠦ᠍ ᠴᠠᠪᠴᠢᠭᠤᠯᠤᠭᠰᠠᠨ ᠴᠠᠭᠠᠲᠠᠢ ᠮᠥᠷᠥ ᠪᠡᠨ ᠳᠠᠷᠤᠨ ᠣᠷᠢᠯᠠᠵᠤ᠂ ᠬᠠᠷᠢᠨ ᠰᠦᠪᠡᠭᠡ ᠪᠡᠨ ᠰᠡᠳᠡ ᠬᠠᠷᠪᠤᠭᠤᠯᠤᠭᠰᠨ ᠵᠥᠴᠢ ᠴᠢᠰᠤᠲᠠᠢ ᠳᠡᠪᠡᠯ ᠢ᠋ᠶ᠋ᠡᠨ ᠲᠠᠢᠯᠵᠤ ᠪᠠᠢᠯ᠎ᠠ᠃
ᠬᠥᠪᠡᠭᠦᠳ ᠦ᠋ᠨ ᠢ᠋ᠶ᠋ᠡᠨ ᠴᠢᠰᠤ ᠶ᠋ᠢ ᠦᠵᠡᠭᠰᠡᠨ ᠪᠥᠷᠲᠡ ᠤᠬᠠᠭᠠᠨ ᠠᠯᠳᠠᠬᠤ ᠰᠢᠬᠠᠨ ᠶᠠᠭᠤ ᠬᠢᠬᠦ᠂ ᠬᠡᠨ ᠳ᠋ᠦ᠍ᠨᠢ ᠲᠦᠷᠦᠭᠦᠯᠡᠵᠦ ᠬᠦᠷᠬᠦ ᠪᠡᠨ ᠮᠡᠳᠡᠬᠦ ᠦᠭᠡᠢ ᠲᠠᠭ ᠭᠥᠯᠢᠷᠡᠪᠡ᠃ᠲᠡᠷᠡ ᠬᠣᠶᠠᠷ ᠬᠥᠪᠡᠭᠦᠨ ᠳ᠋ᠡᠭᠡᠨ ᠠᠳᠠᠯᠢᠬᠠᠨ ᠬᠠᠢᠷᠠᠲᠠᠢ ᠶᠤᠮ᠃ᠭᠡᠪᠡᠴᠦ ᠶᠠᠭᠤᠨ ᠳ᠋ᠤ᠌ ᠬᠥᠲᠥᠯᠦᠭᠳᠡᠭᠰᠡᠨ ᠶᠤᠮ ᠪᠦᠦ ᠮᠡᠳᠡ ᠴᠠᠭᠠᠲᠠᠢ ᠪᠠᠨ ᠲᠦᠷᠦᠭᠦᠯᠡᠨ ᠲᠡᠪᠡᠷᠢᠨ ᠠᠪᠤᠭᠰᠠᠨ ᠪᠢᠯᠡ᠃ᠴᠠᠭᠠᠲᠠᠢ ᠶ᠋ᠢᠨ ᠰᠢᠷᠬ᠎ᠠ ᠠᠵᠠ ᠪᠠᠷ ᠬᠥᠩᠭᠡᠨ᠂ ᠰᠡᠯᠡᠮ᠎ᠡ ᠶ᠋ᠢᠨ ᠦᠵᠦᠭᠦᠷ ᠲᠦ᠍ ᠠᠷᠠᠰᠤ ᠨᠢ ᠵᠦᠰᠦᠭᠳᠡᠭᠰᠡᠨ ᠲᠡᠳᠦᠢ ᠠᠵᠢ᠃ᠬᠠᠷᠢᠨ ᠰᠡᠭᠦᠯ ᠳ᠋ᠦ᠍ᠨᠢ ᠦᠵᠡᠪᠡᠯ ᠵᠥᠴᠢ ᠶ᠋ᠢᠨ ᠰᠢᠷᠬ᠎ᠠ ᠭᠦᠨᠵᠡᠭᠡᠢ᠂ ᠴᠢᠰᠤ ᠶᠡᠬᠡ ᠠᠯᠳᠠᠵᠤ ᠪᠠᠢᠪᠠ᠃ᠴᠢᠰᠤ ᠪᠠᠨ ᠦᠵᠡᠭᠡᠳ ᠬᠥᠪᠡᠭᠦᠳ ᠴᠦ᠍ ᠴᠣᠴᠢᠷᠳᠠᠨ᠂ ᠡᠬᠡ ᠶ᠋ᠢᠨ ᠬᠢᠯᠢᠩᠨᠡᠬᠦ ᠡᠴᠡ ᠠᠶᠤᠵᠤ ᠲᠠᠭ ᠳᠠᠭᠤ ᠦᠭᠡᠢ ᠭᠡᠷ ᠦ᠋ᠨ ᠬᠣᠶᠠᠷ ᠬᠠᠶᠠᠭᠠᠨ ᠳ᠋ᠤ᠌ ᠬᠡᠪᠲᠡᠵᠡᠭᠡᠪᠡ᠃ᠬᠡᠨ ᠨᠢ ᠴᠦ᠍ ᠶᠠᠭᠤ ᠴᠤ᠌ ᠬᠡᠯᠡᠭᠰᠡᠨ ᠦᠭᠡᠢ᠃ᠪᠥᠷᠲᠡ ᠴᠦ᠍ ᠵᠢᠮᠡᠯᠡᠬᠦ ᠵᠠᠩᠨᠠᠬᠤ ᠦᠭᠡ ᠤᠨᠠᠭᠠᠭᠰᠠᠨ ᠦᠭᠡᠢ᠃ᠲᠡᠷᠡ ᠶᠠᠭᠤ ᠬᠡᠯᠡᠬᠦ ᠪᠡᠨ ᠴᠦ᠍ ᠮᠡᠳᠡᠬᠦ ᠦᠭᠡᠢ ᠪᠠᠢᠵᠠᠢ᠃ᠬᠠᠮᠤᠭ ᠤ᠋ᠨ ᠲᠦᠷᠦᠭᠦᠨ ᠳ᠋ᠦ᠍ ᠰᠡᠬᠡᠭᠡᠷᠡᠵᠦ ᠬᠡᠯᠡᠭᠰᠡᠨ ᠦᠭᠡ ᠨᠢ ᠡᠨᠡ ᠶᠠᠪᠤᠳᠠᠯ ᠢ᠋ ᠬᠡᠨ ᠳ᠋ᠦ᠍ ᠴᠦ᠍ ᠪᠦᠦ ᠬᠡᠯᠡ᠂ ᠢᠯᠠᠩᠭᠤᠶ᠎ᠠ ᠥᠭᠡᠯᠦᠨ ᠡᠬᠡ ᠳ᠋ᠦ᠍ ᠮᠡᠳᠡᠭᠳᠡᠵᠦ ᠪᠣᠯᠬᠤ ᠦᠭᠡᠢ ᠭᠡᠮᠡᠨ ᠴᠢᠩᠳᠠ ᠵᠠᠬᠢᠭᠰᠠᠨ ᠶᠠᠪᠤᠳᠠᠯ ᠪᠠᠢᠯ᠎ᠠ᠃ᠪᠠᠰᠠ ᠬᠥᠪᠡᠭᠦᠳ ᠦ᠋ᠨ ᠬᠡᠷᠡᠭᠦᠯ ᠵᠣᠳᠣᠭᠠᠨ ᠢ᠋ ᠰᠣᠨᠣᠰᠤᠭᠰᠠᠨ ᠪᠣᠭᠣᠯ ᠲᠡᠳᠦ ᠶ᠋ᠢ ᠴᠦ᠍ ᠡᠨᠡ ᠲᠤᠬᠠᠢ ᠠᠮᠠ ᠠᠩᠭᠠᠢᠬᠤ ᠶ᠋ᠢ ᠴᠠᠭᠠᠵᠠᠯᠠᠪᠠ᠃ᠡᠵᠡᠨ ᠢ᠋ ᠨᠢ ᠰᠢᠷᠬᠠᠲᠤᠭᠤᠯᠤᠭᠰᠠᠨ ᠴᠠᠭᠠᠲᠠᠢ ᠬᠡᠷᠪᠡ ᠲᠡᠮᠦᠵᠢᠨ ᠦ᠌ ᠬᠦᠦ ᠪᠢᠰᠢ ᠪᠠᠢᠭᠰᠠᠨ ᠪᠣᠯ᠂ ᠳᠡᠭᠡᠷ᠎ᠡ ᠨᠢ ᠪᠥᠷᠲᠡ ᠬᠣᠷᠢᠭᠯᠠᠭ᠎ᠠ ᠦᠭᠡᠢ ᠪᠣᠯ ᠲᠡᠳᠦ ᠲᠡᠷᠡ ᠳᠡᠭᠡᠷᠡᠩᠭᠦᠢ ᠴᠠᠭᠠᠲᠠᠢ ᠶ᠋ᠢ ᠲᠠᠰᠤ ᠴᠠᠪᠴᠢᠬᠤ ᠳ᠋ᠤ᠌ ᠪᠡᠯᠡᠨ ᠪᠠᠢᠪᠠ᠃ᠲᠡᠳᠦ ᠦᠨᠡᠬᠡᠷ ᠵᠥᠴᠢ ᠡᠵᠡᠨ ᠦ᠌ ᠪᠡᠨ ᠥᠰᠢᠶ᠎ᠡ ᠶ᠋ᠢ ᠠᠪᠬᠤ ᠶ᠋ᠢ ᠬᠦᠰᠡᠵᠡᠢ᠃ᠵᠥᠴᠢ ᠪᠣᠯ ᠲᠡᠳᠦ ᠶ᠋ᠢᠨ ᠬᠤᠪᠢ ᠳ᠋ᠤ᠌ ᠵᠥᠪᠬᠡᠨ ᠠᠮᠢ ᠶ᠋ᠢ ᠨᠢ ᠠᠪᠤᠷᠠᠭᠰᠠᠨ ᠠᠴᠢᠲᠠᠨ ᠲᠡᠳᠦᠢ ᠪᠢᠰᠢ᠂ ᠪᠦᠷ ᠲᠡᠭᠦᠨ ᠦ᠌ ᠬᠠᠮᠤᠭ ᠤ᠋ᠨ ᠬᠠᠢᠷᠠᠲᠠᠢ ᠬᠥᠮᠦᠨ ᠨᠢ ᠶᠤᠮ᠃
ᠬᠥᠪᠡᠭᠦᠳ ᠦᠢᠯᠡᠳᠦᠭᠰᠡᠨ ᠬᠡᠷᠡᠭ ᠲᠡᠭᠡᠨ ᠶᠡᠬᠡ ᠭᠡᠮᠰᠢᠵᠡᠢ᠃《ᠮᠡᠷᠭᠢᠳ ᠦ᠋ᠨ ᠣᠷᠬᠢᠳᠠᠰᠤ》ᠭᠡᠵᠦ ᠴᠠᠭᠠᠲᠠᠢ ᠶ᠋ᠢᠨ ᠬᠡᠯᠡᠭᠰᠡᠨ ᠦᠭᠡ ᠪᠥᠷᠲᠡ ᠶ᠋ᠢ ᠭᠦᠨᠵᠡᠭᠡᠢ ᠴᠤᠴᠢᠷᠠᠭᠠᠵᠤ᠂ ᠵᠥᠴᠢ ᠶ᠋ᠢ ᠪᠦᠷ ᠴᠦ᠍ ᠶᠡᠬᠡ ᠪᠡᠷ ᠭᠣᠮᠣᠳᠠᠭᠠᠵᠤ᠂ ᠲᠡᠷᠡ ᠬᠥᠪᠡᠭᠦᠨ ᠭᠡᠷ ᠦ᠋ᠨ ᠲᠣᠭᠣᠨᠣ ᠶ᠋ᠢ ᠨᠢᠳᠦ ᠴᠠᠪᠴᠢᠬᠤ ᠦᠭᠡᠢ ᠰᠢᠷᠳᠡᠨ ᠬᠡᠪᠲᠡᠬᠦ ᠳ᠋ᠦ᠍ ᠨᠢᠯᠪᠤᠰᠤ ᠰᠢᠨᠠ ᠶ᠋ᠢ ᠨᠢ ᠳᠠᠭᠠᠨ ᠤᠷᠤᠰᠴᠤ ᠪᠠᠢᠬᠤ ᠶ᠋ᠢ ᠪᠥᠷᠲᠡ ᠬᠠᠷᠠᠵᠤ ᠰᠠᠭᠤᠯ᠎ᠠ᠃ᠵᠥᠴᠢ ᠬᠥᠪᠡᠭᠦᠨ ᠢ᠋ᠶ᠋ᠡᠨ ᠶᠠᠭᠤᠨ ᠡᠴᠡ ᠪᠣᠯᠵᠤ ᠢᠩᠭᠢᠵᠦ ᠴᠢᠮᠡᠭᠡ ᠦᠭᠡᠢ ᠤᠬᠢᠯᠠᠵᠤ ᠬᠡᠪᠲᠡᠭᠡ ᠶ᠋ᠢ ᠮᠡᠳᠡᠬᠦ ᠪᠦᠷᠢ ᠳ᠋ᠦ᠍ ᠪᠥᠷᠲᠡ ᠶ᠋ᠢᠨ ᠪᠦᠲᠦᠨ ᠪᠡᠶ᠎ᠡ ᠨᠢ ᠬᠡᠮᠬᠡᠷᠡᠬᠦ ᠰᠢᠭ ᠪᠣᠯᠳᠠᠭ ᠪᠢᠯᠡ᠃ᠭᠡᠪᠡᠴᠦ ᠬᠥᠪᠡᠭᠦᠨ ᠢ᠋ᠶ᠋ᠡᠨ ᠶᠠᠭᠠᠬᠢᠵᠤ ᠲᠠᠢᠪᠤᠰᠢᠷᠠᠭᠤᠯᠬᠤ ᠪᠠᠨ ᠮᠡᠳᠡᠬᠦ ᠦᠭᠡᠢ ᠪᠠᠢᠪᠠ᠃ᠬᠡᠦᠬᠡᠳ ᠬᠡᠦᠬᠡᠳ ᠡᠴᠡ ᠣᠨᠴᠠᠭᠠᠢ ᠤᠬᠠᠭᠠᠨᠲᠠᠢ ᠲᠥᠷᠥᠭᠰᠡᠨ᠂ ᠪᠦᠷ ᠳᠡᠩᠳᠡᠭᠦᠦ ᠬᠦᠯᠢᠴᠡᠩᠭᠦᠢ ᠨᠣᠮᠣᠬᠠᠨ ᠵᠠᠩ ᠲᠠᠢ᠂ ᠳᠣᠷᠣᠮᠵᠢᠯᠠᠯ᠂ ᠳᠠᠷᠤᠯᠠᠯ ᠪᠦᠷᠢ ᠶ᠋ᠢ ᠲᠡᠪᠴᠢᠨ ᠥᠩᠭᠡᠷᠡᠭᠡᠵᠦ ᠴᠢᠳᠠᠳᠠᠭ ᠵᠥᠴᠢ ᠬᠥᠪᠡᠭᠦᠨ ᠦ᠌ ᠪᠡᠨ ᠰᠡᠳᠬᠢᠯ ᠦ᠋ᠨ ᠳᠠᠯᠳᠠ ᠰᠢᠨᠠᠯᠤᠯ ᠢ᠋ ᠪᠥᠷᠲᠡ ᠣᠢᠯᠠᠭᠠᠬᠤ ᠦᠭᠡᠢ ᠶᠤᠮ ᠪᠣᠯ ᠥᠭᠡᠷ᠎ᠡ ᠬᠡᠨ ᠣᠢᠯᠠᠭᠠᠬᠤ ᠶᠤᠮ ᠪᠢᠯᠡ᠃ᠵᠥᠴᠢ ᠬᠥᠪᠡᠭᠦᠨ ᠦ᠌ ᠪᠡᠨ ᠴᠢᠮᠡᠭᠡ ᠦᠭᠡᠢ ᠤᠷᠤᠰᠬᠠᠬᠤ ᠨᠢᠯᠪᠤᠰᠤ ᠶ᠋ᠢ ᠦᠵᠡᠬᠦ ᠪᠦᠷᠢ《ᠢᠩᠭᠢᠵᠦ ᠪᠠᠢᠬᠤ ᠪᠠᠷ ᠦᠬᠦᠴᠢᠬᠡᠬᠦ ᠮᠢᠨᠢ ᠶᠠᠭᠠᠬᠢᠪᠠ》 ᠭᠡᠰᠡᠨ ᠬᠠᠴᠢᠨ ᠪᠣᠳᠣᠯ ᠪᠥᠷᠲᠡ ᠳ᠋ᠦ᠍ ᠦᠷᠭᠦᠯᠵᠢ ᠲᠥᠷᠥᠨ᠎ᠡ᠃ᠲᠡᠮᠦᠵᠢᠨ ᠦ᠌ ᠭᠡᠷ ᠦ᠋ᠨ ᠳᠣᠲᠣᠷ᠎ᠠ ᠥᠪᠡᠷ ᠦ᠋ᠨ ᠬᠥᠮᠦᠨ ᠪᠣᠯᠤᠨ ᠲᠣᠭᠠᠴᠠᠭᠳᠠᠬᠤ ᠶ᠋ᠢᠨ ᠲᠤᠯᠠᠳᠠ ᠮᠡᠳᠡᠭᠡ ᠣᠷᠣᠭᠰᠠᠨ ᠴᠠᠭ ᠡᠴᠡ ᠪᠠᠨ ᠡᠬᠢᠯᠡᠨ ᠵᠥᠴᠢ ᠪᠠᠯᠴᠢᠷ ᠪᠡᠶ᠎ᠡ᠂ ᠪᠠᠭ᠎ᠠ ᠤᠬᠠᠭᠠᠨ ᠳ᠋ᠠᠭᠠᠨ ᠠᠬᠠᠳᠠᠭᠰᠠᠨ ᠵᠣᠪᠠᠯᠠᠩ ᠠᠮᠰᠠᠵᠤ ᠪᠠᠢᠯ᠎ᠠ᠃
ᠪᠥᠷᠲᠡ ᠰᠥᠨᠢ ᠨᠣᠢᠷ ᠦᠭᠡᠢ ᠬᠣᠨᠣᠵᠤ᠂ ᠤᠬᠢᠯᠠᠵᠤ ᠪᠥᠯᠴᠥᠢᠭᠰᠡᠨ ᠨᠢᠳᠦ ᠲᠡᠢ ᠠᠮᠢᠲᠠᠨ ᠥᠷᠯᠥᠭᠡ ᠪᠣᠰᠤᠮᠠᠭᠴᠠ ᠪᠠᠨ ᠲᠡᠮᠡᠭᠡᠨ ᠲᠡᠷᠭᠡᠨ ᠳ᠋ᠡᠭᠡᠨ ᠰᠠᠭᠤᠨ ᠵᠡᠭᠦᠨ ᠵᠦᠭ ᠣᠯᠵᠠ ᠭᠣᠣᠯ ᠢ᠋ ᠴᠢᠭᠯᠡᠨ ᠰᠢᠭᠤᠷᠬᠠᠢᠯᠠᠨ ᠣᠳᠪᠠ᠃ᠬᠡᠨ ᠴᠦ᠍ ᠲᠡᠭᠦᠨ ᠡᠴᠡ ᠵᠣᠷᠢᠭᠯᠠᠨ ᠠᠰᠠᠭᠤᠭ᠎ᠠ ᠦᠭᠡᠢ ᠪᠥᠭᠡᠳ ᠬᠠᠮᠢᠭ᠎ᠠ ᠣᠴᠢᠵᠤ ᠶᠠᠪᠤᠭ᠎ᠠ ᠶ᠋ᠢ ᠨᠢ ᠭᠠᠭᠴᠠᠬᠠᠨ ᠲᠡᠷᠡ ᠥᠪᠡᠷ ᠢ᠋ᠶ᠋ᠡᠨ ᠯᠡ ᠮᠡᠳᠡᠵᠦ ᠪᠠᠢᠪᠠ᠃ᠵᠥᠴᠢ ᠬᠥᠪᠡᠭᠦᠨ ᠢ᠋ᠶ᠋ᠡᠨ ᠢᠩᠭᠢᠵᠦ ᠲᠠᠷᠴᠢᠯᠠᠨ ᠵᠣᠪᠠᠬᠤ ᠶ᠋ᠢ ᠪᠥᠷᠲᠡ ᠳᠠᠬᠢᠨ ᠦᠵᠡᠬᠦ ᠦᠭᠡᠢ ᠭᠡᠵᠦ ᠬᠠᠲᠠᠭᠤ ᠰᠢᠢᠳᠴᠡᠢ᠃
ᠡᠨᠡ ᠦᠶᠡᠰ ᠲᠦ᠍ ᠲᠡᠮᠦᠵᠢᠨ ᠣᠯᠵᠠ ᠭᠣᠣᠯ ᠤ᠋ᠨ ᠠᠳᠠᠭ ᠲᠤ᠌ ᠲᠠᠲ᠋ᠠᠷ ᠤ᠋ᠨ ᠬᠤᠰᠤᠲᠤ ᠰᠢᠲᠦᠭᠡᠨ ᠬᠡᠮᠡᠬᠦ ᠬᠦᠷᠢᠶ᠎ᠡ ᠶ᠋ᠢ ᠡᠵᠡᠯᠡᠨ ᠠᠪᠤᠭᠠᠳ ᠴᠡᠷᠢᠭ ᠢ᠋ᠶ᠋ᠡᠨ ᠠᠮᠠᠷᠠᠭᠠᠬᠤ ᠵᠠᠭᠤᠷ᠎ᠠ ᠲᠠᠲ᠋ᠠᠷ ᠤ᠋ᠨ ᠶᠡᠬᠡ ᠴᠡᠷᠡᠨ ᠦ᠌ ᠪᠠᠭ᠎ᠠ ᠥᠬᠢᠨ ᠶᠢᠰᠦᠬᠡᠨ ᠭᠡᠭᠴᠢ ᠵᠠᠯᠠᠭᠤ ᠦᠵᠡᠰᠬᠦᠯᠡᠩᠲᠦ ᠡᠮ᠎ᠡ ᠲᠡᠢ ᠠᠮᠠᠷᠠᠭᠯᠠᠨ ᠰᠡᠳᠬᠢᠯ ᠠᠯᠳᠠᠷᠠᠵᠤ ᠬᠣᠷᠸ᠎ᠠ ᠶ᠋ᠢ ᠮᠠᠷᠲᠠᠨ ᠵᠢᠷᠭᠠᠭᠠᠳ ᠰᠠᠷ᠎ᠠ ᠰᠢᠬᠠᠭᠰᠠᠨ ᠪᠠᠢᠯ᠎ᠠ᠃ᠡᠷᠲᠡᠨ ᠦ᠌ ᠥᠰᠲᠦ ᠲᠠᠲ᠋ᠠᠷ ᠠᠢᠮᠠᠭ ᠤ᠋ᠨ ᠨᠢᠭᠡ ᠬᠡᠰᠡᠭ ᠢ᠋ ᠳᠠᠷᠤᠨ ᠰᠥᠨᠥᠭᠡᠭᠰᠡᠨ ᠨᠢ ᠪᠦᠬᠦ ᠮᠣᠩᠭᠣᠯ ᠠᠢᠮᠠᠭ ᠤ᠋ᠳ ᠤ᠋ᠨ ᠳᠤᠮᠳᠠ ᠳᠠᠭᠤᠷᠢᠰᠬᠤ ᠪᠠᠷ ᠬᠡᠷᠡᠭ ᠪᠠᠢᠭᠰᠠᠨ ᠲᠤᠯᠠ ᠭᠠᠭᠴᠠ ᠲᠡᠮᠦᠵᠢᠨ ᠲᠡᠳᠦᠢ ᠦᠭᠡᠢ ᠲᠡᠭᠦᠨ ᠦ᠌ ᠰᠢᠳᠠᠷ ᠨᠥᠬᠥᠳ ᠪᠦᠭᠦᠳᠡᠭᠡᠷ ᠤᠷᠮᠠᠰᠢᠨ ᠬᠥᠭᠡᠷᠴᠦ ᠪᠠᠭ᠎ᠠ ᠦᠭᠡᠢ ᠪᠠᠷᠳᠠᠮᠨᠠᠨ ᠰᠠᠳᠠᠭᠠᠷᠠᠭᠰᠠᠨ ᠦᠶ᠎ᠡ ᠪᠠᠢᠪᠠ᠃ᠢᠯᠠᠯᠲᠠ᠂ ᠣᠯᠵᠠ ᠭᠡᠳᠡᠭ ᠰᠠᠯᠬᠤ ᠶ᠋ᠢᠨ ᠠᠷᠭ᠎ᠠ ᠦᠭᠡᠢ ᠠᠮᠲᠠᠲᠠᠢ ᠴᠤ᠌ ᠬᠡᠲᠦᠷᠬᠡᠢ ᠶᠡᠬᠡ ᠰᠣᠭᠲᠣᠭᠤᠷᠠᠪᠠᠯ ᠠᠶᠤᠯ ᠣᠰᠣᠯ ᠢ᠋ ᠬᠠᠷᠠᠬᠤ ᠨᠢᠳᠦ ᠶ᠋ᠢ ᠰᠣᠬᠣᠯᠬᠤ ᠨᠢᠭᠤᠷ ᠲᠠᠢ ᠪᠢᠯᠡ᠃ᠲᠡᠮᠦᠵᠢᠨ ᠦ᠌ ᠴᠡᠷᠢᠭ ᠪᠦᠭᠦᠳᠡᠭᠡᠷ ᠪᠢᠰᠢ ᠭᠡᠬᠦ ᠳ᠋ᠦ᠍ ᠶᠡᠬᠡᠩᠬᠢ ᠨᠢ ᠳᠣᠪᠲᠣᠯᠬᠤ ᠳᠠᠢᠰᠤᠨ ᠨᠢᠭᠡᠨᠲᠡ ᠳᠠᠭᠤᠰᠤᠭᠰᠠᠨ ᠮᠡᠲᠦ ᠠᠮᠠᠷᠠᠵᠤ ᠴᠡᠩᠭᠡᠵᠡᠢ᠃ᠶᠠᠭ ᠡᠢᠮᠦ ᠳᠦᠷᠢ ᠵᠢᠷᠤᠭ ᠬᠤᠰᠤᠲᠤ ᠰᠢᠲᠦᠭᠡᠨ ᠦ᠌ ᠠᠮᠠ ᠶ᠋ᠢ ᠥᠭᠰᠥᠨ ᠶᠠᠪᠤᠬᠤ ᠳ᠋ᠤ᠌ ᠪᠥᠷᠲᠡ ᠶ᠋ᠢᠨ ᠨᠢᠳᠦᠨ ᠳ᠋ᠦ᠍ ᠦᠵᠡᠭᠳᠡᠵᠡᠢ᠃ᠬᠡᠨ ᠴᠦ᠍ ᠪᠥᠷᠲᠡ ᠶ᠋ᠢ ᠵᠣᠭᠰᠣᠭᠠᠵᠤ ᠪᠠᠢᠴᠠᠭᠠᠭᠰᠠᠨ ᠦᠭᠡᠢ᠃ᠬᠠᠷᠢᠨ ᠲᠡᠮᠦᠵᠢᠨ ᠦ᠌ ᠠᠰᠠᠷ ᠲᠤ᠌ ᠣᠢᠷ᠎ᠠ ᠣᠴᠢᠬᠤ ᠳ᠋ᠤ᠌ ᠬᠠᠷᠠᠭᠤᠯ ᠮᠠᠨᠠᠭ᠎ᠠ ᠴᠢᠩᠭᠠᠷᠠᠵᠤ ᠡᠮᠦᠨᠡᠭᠦᠷ ᠡᠷᠬᠡᠪᠰᠢ ᠬᠥᠨᠳᠡᠯᠢᠳᠦᠭᠰᠡᠨ ᠴᠦ᠍ ᠪᠥᠷᠲᠡ ᠶ᠋ᠢ ᠲᠠᠨᠢᠮᠠᠭᠴᠠ ᠭᠡᠳᠡᠷᠭᠦ ᠤᠬᠤᠷᠢᠵᠤ ᠵᠠᠮ ᠲᠠᠯᠪᠢᠵᠠᠢ᠃ᠲᠡᠮᠦᠵᠢᠨ᠂ ᠪᠥᠷᠲᠡ ᠶ᠋ᠢ ᠡᠢᠨ ᠭᠡᠨᠡᠳᠲᠡ ᠣᠷᠣᠭᠠᠳ ᠢᠷᠡᠴᠢᠬᠡᠨ᠎ᠡ ᠭᠡᠵᠦ ᠰᠠᠨᠠᠭ᠎ᠠ ᠦᠭᠡᠢ ᠲᠤᠯᠠ ᠪᠦᠷ ᠰᠣᠴᠢᠨ ᠪᠣᠰᠤᠨ ᠬᠠᠷᠠᠢᠵᠤ ᠳᠡᠪᠡᠯ ᠢ᠋ᠶ᠋ᠡᠨ ᠡᠭᠡᠯᠳᠦᠷᠭᠡᠯᠡᠪᠡ᠃ᠲᠡᠮᠦᠵᠢᠨ ᠦ᠌ ᠬᠡᠭᠡᠷ᠎ᠡ ᠶ᠋ᠢᠨ ᠥᠷᠭᠥᠭᠡ ᠶ᠋ᠢ ᠴᠡᠷᠢᠭ ᠦ᠋ᠳ ᠲᠣᠭᠣᠷᠢᠨ ᠬᠠᠮᠠᠭᠠᠯᠠᠵᠤ ᠪᠠᠢᠭᠰᠠᠨ ᠴᠤ᠌ ᠬᠠᠷᠠᠭᠤᠯ ᠤ᠋ᠨ ᠬᠥᠮᠦᠰ ᠪᠥᠷᠲᠡ ᠶ᠋ᠢ ᠲᠠᠨᠢᠭᠠᠳ ᠶᠠᠭᠠᠬᠢᠵᠤ ᠴᠤ᠌ ᠬᠣᠷᠢᠭᠯᠠᠵᠤ ᠳᠡᠢᠯᠦᠭᠰᠡᠨ ᠦᠭᠡᠢ ᠣᠷᠣᠭᠤᠯᠴᠢᠬᠠᠵᠠᠢ᠃ᠲᠡᠮᠦᠵᠢᠨ ᠪᠥᠷᠲᠡ ᠶ᠋ᠢ ᠬᠠᠷᠠᠭᠠᠳ ᠡᠬᠢᠯᠡᠭᠡᠳ ᠨᠢᠳᠦᠨ ᠳ᠋ᠡᠭᠡᠨ ᠢᠲᠡᠭᠡᠵᠦ ᠥᠭᠬᠦ ᠦᠭᠡᠢ ᠪᠠᠢᠪᠠ᠃ᠪᠥᠷᠲᠡ ᠶ᠋ᠢ ᠡᠢᠨ ᠭᠡᠨᠡᠳᠲᠡ ᠣᠷᠣᠭᠠᠳ ᠢᠷᠡᠨ᠎ᠡ ᠭᠡᠵᠦ ᠶᠠᠭᠠᠬᠢᠵᠤ ᠰᠠᠨᠠᠬᠤ ᠪᠢᠯᠡ᠃ᠠᠩᠬ᠎ᠠ ᠤᠳᠠᠭ᠎ᠠ ᠥᠭᠡᠷ᠎ᠡ ᠪᠦᠰᠡᠭᠦᠢ ᠬᠥᠮᠦᠨ ᠲᠡᠢ ᠨᠢᠴᠦᠭᠦᠨ ᠬᠡᠪ ᠢ᠋ᠶ᠋ᠡᠷ ᠡᠬᠡᠨᠡᠷ ᠲᠡᠭᠡᠨ ᠦᠵᠡᠭᠳᠡᠭᠰᠡᠨ ᠨᠢ ᠲᠡᠮᠦᠵᠢᠨ ᠳ᠋ᠦ᠍ ᠠᠶᠤᠬᠤ ᠦᠭᠡᠢ ᠴᠦ᠍ ᠭᠡᠯ᠎ᠡ ᠠᠶᠠᠭᠦᠢ ᠭᠡᠳᠡᠭ ᠰᠢᠭ ᠶᠠᠭᠤᠮ᠎ᠠ ᠪᠣᠯᠵᠤ᠂ ᠬᠡᠯᠡᠬᠦ ᠪᠠᠢᠬᠤ ᠪᠠᠨ ᠣᠯᠵᠤ ᠶᠠᠳᠠᠨ᠎ᠠ᠃ᠬᠠᠷᠢᠨ ᠪᠥᠷᠲᠡ ᠬᠡᠳᠦᠢ ᠭᠣᠮᠣᠳᠠᠯᠲᠠᠢ ᠴᠤ᠌ ᠲᠠᠢᠪᠤᠩ ᠪᠠᠢᠭ᠎ᠠ ᠳ᠋ᠠᠭᠠᠨ ᠥᠪᠡᠷ ᠢ᠋ᠶ᠋ᠡᠨ ᠴᠦ᠍ ᠭᠠᠢᠬᠠᠵᠤ ᠪᠠᠢᠪᠠ᠃ᠲᠡᠷᠡ ᠪᠦᠰᠡᠭᠦᠢ ᠵᠠᠯᠠᠭᠤ ᠲᠡᠭᠡᠭᠡᠳ ᠬᠡᠲᠦᠷᠬᠡᠢ ᠦᠵᠡᠰᠬᠦᠯᠡᠩᠲᠡᠢ ᠪᠠᠢᠭᠰᠠᠨ ᠨᠢ ᠡᠮ᠎ᠡ ᠬᠥᠮᠦᠨ ᠪᠣᠯᠪᠠᠴᠤ ᠪᠥᠷᠲᠡ ᠶ᠋ᠢ ᠠᠯᠮᠠᠢᠷᠠᠭᠤᠯᠬᠤ ᠳ᠋ᠤ᠌ ᠬᠦᠷᠭᠡᠵᠡᠢ᠃ᠪᠦᠰᠡᠭᠦᠢ ᠨᠢᠴᠦᠭᠦᠨ ᠭᠤᠸᠠᠯᠢᠭ ᠪᠡᠶ᠎ᠡ ᠳ᠋ᠡᠭᠡᠨ ᠬᠢᠲᠠᠳ ᠭᠠᠵᠠᠷ ᠤ᠋ᠨ ᠲᠣᠷᠭᠠᠨ ᠲᠡᠷᠯᠢᠭ ᠢ᠋ ᠬᠡᠳᠦᠷᠴᠦ ᠭᠠᠷᠴᠤ ᠭᠦᠶᠦᠪᠡ᠃ᠲᠡᠷᠡ ᠪᠦᠰᠡᠭᠦᠢ ᠶ᠋ᠢᠨ ᠲᠡᠷᠯᠢᠭ ᠰᠢᠭ ᠲᠡᠢᠮᠦ ᠭᠣᠶᠣᠮᠰᠣᠭ ᠲᠣᠷᠭ᠎ᠠ ᠶ᠋ᠢ ᠪᠥᠷᠲᠡ ᠤᠷᠢᠳ ᠨᠢ ᠦᠵᠡᠭᠰᠡᠨ ᠦᠭᠡᠢ᠃ᠣᠳᠣ ᠡᠷ᠎ᠡ ᠡᠮ᠎ᠡ ᠬᠣᠶᠠᠭᠤᠯᠠ ᠦᠯᠡᠳᠡᠪᠡ᠃ᠬᠡᠨ ᠬᠡᠨ ᠨᠢ ᠪᠣᠯᠤᠭᠰᠠᠨ ᠶᠠᠪᠤᠳᠠᠯ ᠳ᠋ᠤ᠌ ᠲᠤᠯᠭᠠᠮᠳᠠᠭᠠᠳ ᠳᠠᠭᠤ ᠦᠭᠡᠢ ᠰᠠᠭᠤᠭᠰᠠᠭᠠᠷ ᠤᠳᠠᠪᠠ᠃ᠭᠠᠢᠬᠠᠭᠰᠠᠨ ᠰᠣᠴᠢᠭᠰᠠᠨ ᠪᠠᠢᠳᠠᠯ ᠨᠢ ᠪᠥᠷᠲᠡ ᠶ᠋ᠢᠨ ᠰᠡᠳᠬᠢᠯ ᠡᠴᠡ ᠠᠯᠭᠤᠷ ᠬᠣᠯᠠᠳᠴᠤ ᠳᠣᠲᠣᠷ᠎ᠠ ᠨᠢ ᠡᠷ᠎ᠡ ᠨᠥᠬᠥᠷ ᠢ᠋ᠶ᠋ᠡᠨ ᠬᠠᠷᠠᠳᠠᠬᠤ ᠬᠠᠷᠠᠮᠨᠠᠬᠤ᠂ ᠭᠣᠮᠣᠳᠠᠬᠤ ᠬᠢᠯᠢᠩᠨᠡᠬᠦ ᠵᠡᠷᠭᠡᠴᠡᠭᠡᠳ ᠢᠷᠡᠵᠡᠢ᠃ᠪᠥᠷᠲᠡ ᠥᠪᠡᠷ ᠦ᠋ᠨ ᠰᠡᠳᠬᠢᠯ ᠢ᠋ ᠬᠦᠴᠦ ᠪᠡᠷ ᠲᠡᠪᠴᠢᠨ ᠰᠠᠭᠤᠯ᠎ᠠ᠃ᠲᠡᠮᠦᠵᠢᠨ ᠢ᠋ ᠬᠠᠷᠠᠳᠠᠬᠤ ᠬᠠᠷᠠᠮᠨᠠᠬᠤ ᠨᠢ ᠶᠡᠷᠦ ᠰᠢᠨ᠎ᠡ ᠵᠦᠢᠯ ᠪᠢᠰᠢ ᠶᠤᠮ᠃ᠲᠠᠢᠴᠢᠭᠤᠳ ᠤ᠋ᠨ ᠪᠣᠭᠣᠯ ᠰᠤᠷᠬᠠᠨ ᠰᠢᠷ᠎ᠠ ᠶ᠋ᠢᠨ ᠥᠬᠢᠨ ᠬᠠᠲᠠᠭᠠᠨ ᠭᠡᠭᠴᠢ ᠡᠴᠡ ᠪᠣᠯᠵᠤ ᠪᠥᠷᠲᠡ ᠪᠢᠰᠢᠭᠦᠢ ᠨᠢᠭᠡ ᠠᠭᠤᠷ ᠴᠢᠬᠤᠯ ᠢ᠋ᠶ᠋ᠠᠨ ᠣᠪᠣᠯᠵᠠᠭᠤᠯᠵᠤ᠂ ᠠᠭᠤᠰᠬᠢ ᠵᠢᠷᠦᠬᠡ ᠪᠡᠨ ᠤᠷᠠᠭᠰᠠᠨ ᠪᠢᠯᠡ᠃ᠭᠡᠰᠡᠨ ᠴᠦ᠍ ᠬᠡᠷᠡᠭᠦᠯ ᠬᠣᠷᠣ ᠶ᠋ᠢᠨ ᠮᠠᠭᠤ ᠦᠭᠡ ᠨᠢᠭᠡ ᠶ᠋ᠢ ᠴᠦ᠍ ᠠᠲᠤᠭᠠᠢ ᠲᠡᠮᠦᠵᠢᠨ ᠳ᠋ᠦ᠍ ᠬᠡᠯᠡᠵᠦ᠂ ᠲᠦᠮᠡᠨ ᠦ᠌ ᠴᠢᠬᠢᠨ ᠳ᠋ᠦ᠍ ᠤᠨᠠᠭᠠᠭᠰᠠᠨ ᠤᠳᠠᠭ᠎ᠠ ᠦᠭᠡᠢ ᠠᠵᠢ᠃ᠣᠳᠣ ᠡᠷ᠎ᠡ ᠨᠥᠬᠥᠷ ᠢ᠋ᠶ᠋ᠡᠨ ᠥᠭᠡᠷ᠎ᠡ ᠡᠮ᠎ᠡ ᠡᠪᠦᠷᠲᠦᠯᠡᠨ ᠬᠡᠪᠲᠡᠬᠦ ᠶ᠋ᠢ ᠦᠵᠡᠭᠰᠡᠨ ᠴᠦ᠍ ᠲᠡᠪᠴᠢᠬᠦ ᠶᠣᠰᠣᠲᠠᠢ ᠭᠡᠵᠦ ᠥᠪᠡᠷ ᠢ᠋ ᠪᠡᠨ ᠠᠷᠭᠠᠳᠠᠵᠤ ᠪᠠᠢᠪᠠ᠃ᠶᠠᠷᠢᠬᠤ ᠬᠡᠯᠡᠬᠦ ᠶᠠᠭᠤᠮ᠎ᠠ ᠬᠡᠴᠢᠨᠡᠨ ᠶᠡᠬᠡ᠂ ᠪᠦᠷ ᠠᠮᠠᠨ ᠳᠡᠭᠡᠷ᠎ᠡ ᠭᠠᠷᠴᠤ ᠢᠷᠡᠭᠡᠳ ᠪᠠᠢᠭᠰᠠᠨ ᠬᠡᠳᠦᠢ ᠴᠦ᠍ ᠳᠤᠤᠭᠠᠷᠴᠤ ᠲᠥᠪᠳᠡᠭᠰᠡᠨ ᠦᠭᠡᠢ᠃ᠳᠤᠤᠭᠠᠷᠬᠤ ᠯᠠ ᠶᠤᠮ ᠪᠣᠯ ᠨᠢᠯᠪᠤᠰᠤ ᠨᠢ ᠠᠰᠬᠠᠷᠠᠬᠤ ᠭᠡᠳ ᠪᠠᠢᠯ᠎ᠠ᠃ᠡᠢᠮᠦ ᠦᠶ᠎ᠡ ᠳ᠋ᠦ᠍ ᠤᠬᠢᠯᠠᠵᠤ ᠮᠠᠭᠤ ᠪᠠᠨ ᠦᠵᠡᠭᠦᠯᠬᠦ ᠦᠭᠡᠢ ᠭᠡᠰᠡᠨ ᠬᠠᠲᠠᠭᠤ ᠪᠣᠳᠣᠯ ᠪᠠᠰᠠ ᠲᠥᠷᠥᠬᠦ ᠠᠵᠢ᠃ᠪᠥᠷᠲᠡ ᠲᠡᠮᠦᠵᠢᠨ ᠢ᠋ ᠳᠤᠤᠭᠠᠷᠬᠤ ᠶ᠋ᠢ ᠬᠦᠯᠢᠶᠡᠬᠦ ᠪᠡᠷ ᠰᠢᠢᠳᠪᠡ᠃ᠬᠠᠷᠢᠨ ᠲᠡᠮᠦᠵᠢᠨ ᠪᠥᠷᠲᠡ ᠶ᠋ᠢᠨ ᠴᠣᠴᠢᠷᠳᠠᠭᠰᠠᠨ ᠰᠡᠳᠬᠢᠯ ᠲᠠᠢᠪᠤᠰᠢᠷᠠᠬᠤ ᠶ᠋ᠢ ᠴᠢᠮᠡᠭᠡ ᠦᠭᠡᠢ ᠬᠦᠯᠢᠶᠡᠨ ᠪᠠᠢᠪᠠ᠃ᠲᠠᠲ᠋ᠠᠷ ᠡᠴᠡ ᠣᠯᠵᠠᠯᠠᠨ ᠠᠪᠤᠭᠰᠠᠨ ᠲᠣᠷᠭᠠᠨ ᠳᠡᠪᠡᠯ ᠢ᠋ᠶ᠋ᠡᠷ ᠭᠠᠩᠭᠠᠯᠠᠭᠰᠠᠨ ᠵᠠᠯᠮ᠎ᠠ ᠥᠪᠡᠷ ᠦ᠋ᠨ ᠪᠡᠶ᠎ᠡ ᠪᠡᠷ ᠢᠳᠡᠭᠡ ᠴᠠᠢ ᠣᠷᠣᠭᠤᠯᠵᠤ ᠢᠷᠡᠭᠰᠡᠨ ᠦ᠌ ᠬᠣᠢᠨ᠎ᠠ ᠴᠤ᠌ ᠬᠡᠨ ᠨᠢ ᠴᠦ᠍ ᠭᠠᠷ ᠬᠦᠷᠦᠭᠰᠡᠨ ᠦᠭᠡᠢ ᠳᠤᠤᠭᠠᠷᠤᠭᠰᠠᠨ ᠦᠭᠡᠢ ᠰᠠᠭᠤᠭᠰᠠᠭᠠᠷ ᠲᠡᠭᠦᠨ ᠢ᠋ ᠭᠠᠷᠭᠠᠵᠠᠢ᠃ᠵᠡᠯᠮ᠎ᠡ ᠪᠣᠯᠤᠭᠰᠠᠨ ᠬᠡᠷᠡᠭ ᠦ᠋ᠨ ᠨᠠᠷᠢᠨ ᠲᠦᠪᠡᠭᠲᠡᠢ ᠶ᠋ᠢ ᠣᠢᠯᠠᠭᠠᠬᠤ ᠲᠤᠯᠠ ᠠᠮᠢᠨ ᠳ᠋ᠠᠭᠠᠨ ᠲᠡᠮᠦᠵᠢᠨ ᠳ᠋ᠦ᠍ ᠬᠠᠨᠢ ᠲᠤᠰᠠ ᠪᠣᠯᠬᠤ ᠰᠠᠨᠠᠭ᠎ᠠ ᠲᠠᠢ ᠪᠤᠭᠤᠷᠴᠢ ᠶ᠋ᠢᠨ ᠵᠥᠪᠯᠡᠭᠰᠡᠨ ᠢ᠋ᠶ᠋ᠡᠷ ᠣᠷᠣᠵᠤ ᠢᠷᠡᠵᠡᠢ᠃ᠭᠡᠪᠡᠴᠦ ᠡᠨᠡ ᠪᠣᠯ ᠡᠷ᠎ᠡ ᠡᠮ᠎ᠡ ᠶ᠋ᠢᠨ ᠬᠡᠷᠡᠭ ᠲᠤᠯᠠ ᠲᠦᠳᠡᠯ ᠦᠭᠡᠢ ᠭᠠᠷᠬᠤ ᠡᠴᠡ ᠥᠭᠡᠷ᠎ᠡ ᠠᠷᠭ᠎ᠠ ᠣᠯᠤᠭᠰᠠᠨ ᠦᠭᠡᠢ᠃ᠭᠡᠷ ᠡᠴᠡ ᠬᠣᠯᠠ ᠦᠭᠡᠢ ᠪᠤᠭᠤᠷᠴᠢ᠂ ᠬᠠᠰᠠᠷ ᠬᠣᠶᠠᠷ ᠵᠠᠯᠮ᠎ᠠ ᠶ᠋ᠢ ᠨᠢᠳᠦ ᠪᠡᠨ ᠪᠦᠯᠲᠡᠢᠯᠭᠡᠨ ᠬᠦᠯᠢᠶᠡᠵᠦ ᠪᠠᠢᠵᠠᠢ᠃ᠪᠥᠷᠲᠡ ᠶ᠋ᠢ ᠢᠷᠡᠬᠦ ᠶ᠋ᠢ ᠦᠵᠡᠭᠡᠳ ᠪᠦᠭᠦᠳᠡ ᠯᠡ ᠬᠡᠷᠡᠭᠦᠯ ᠱᠤᠤᠭᠢᠶᠠᠨ ᠳᠡᠭᠳᠡᠨ᠎ᠡ ᠭᠡᠵᠦ ᠲᠦᠭᠰᠢᠵᠦ ᠪᠠᠢᠯ᠎ᠠ᠃ᠤᠴᠢᠷ ᠨᠢ ᠲᠡᠮᠦᠵᠢᠨ ᠲᠠᠲ᠋ᠠᠷ ᠪᠦᠰᠡᠭᠦᠢ ᠲᠡᠢ ᠢᠳᠡ ᠴᠡᠩᠭᠡᠵᠦ ᠪᠠᠢᠬᠤ ᠳ᠋ᠤᠨᠢ ᠪᠥᠷᠲᠡ ᠳᠡᠭᠡᠷ᠎ᠡ ᠡᠴᠡ ᠨᠢ ᠣᠷᠣᠴᠢᠬᠠᠭᠰᠠᠨ ᠪᠢᠯᠡ᠃ᠪᠥᠷᠲᠡ ᠶᠠᠭᠠᠬᠢᠪᠠᠴᠤ ᠲᠡᠰᠬᠦ ᠦᠭᠡᠢ ᠭᠡᠵᠦ ᠪᠦᠭᠦᠳᠡ ᠪᠣᠳᠣᠵᠠᠢ᠃ᠭᠡᠲᠡᠯ᠎ᠡ ᠬᠥᠮᠦᠨ ᠦ᠌ ᠤᠷᠮ᠎ᠠ ᠳ᠋ᠤ᠌ ᠠᠶᠠᠭ᠎ᠠ ᠤᠨᠠᠬᠤ ᠴᠤ᠌ ᠴᠢᠮᠡᠭᠡ ᠭᠠᠷᠤᠭᠰᠠᠨ ᠦᠭᠡᠢ ᠲᠠᠲ᠋ᠠᠷ ᠪᠦᠰᠡᠭᠦᠢ ᠴᠦ᠍ ᠣᠷᠢᠯᠠᠵᠤ ᠴᠢᠷᠠᠯᠠᠭᠰᠠᠨ ᠦᠭᠡᠢ ᠨᠢ ᠭᠠᠢᠬᠠᠯᠲᠠᠢ᠃ᠲᠠᠲ᠋ᠠᠷ ᠪᠦᠰᠡᠭᠦᠢ ᠶ᠋ᠢ ᠭᠠᠷᠴᠤ ᠭᠦᠶᠦᠭᠰᠡᠨ ᠦ᠌ ᠬᠣᠢᠨ᠎ᠠ ᠴᠤ᠌ ᠴᠢᠮᠡᠭᠡ ᠦᠭᠡᠢ ᠲᠠᠭ ᠴᠢᠭ ᠪᠣᠯᠤᠭᠰᠠᠨ ᠳ᠋ᠤ᠌ ᠰᠡᠵᠢᠭ ᠲᠥᠷᠦᠵᠢ᠃ᠲᠡᠳᠡ ᠮᠠᠭᠤ ᠯᠠ ᠶᠠᠭᠤᠮ᠎ᠠ ᠪᠣᠳᠣᠵᠠᠢ᠃᠂ ᠲᠡᠮᠦᠵᠢᠨ ᠢᠴᠢᠵᠦ ᠴᠣᠴᠢᠬᠤ ᠳ᠋ᠠᠭᠠᠨ ᠶᠠᠭᠤ ᠴᠤ᠌ ᠬᠢᠵᠦ ᠮᠡᠳᠡᠬᠦ ᠲᠤᠯᠠ ᠵᠠᠯᠮ᠎ᠠ ᠲᠤᠯᠭᠠᠮᠳᠠᠨ ᠠᠷᠭ᠎ᠠ ᠦᠭᠡᠢ ᠶ᠋ᠢᠨ ᠡᠷᠬᠡᠨ ᠳ᠋ᠦ᠍ ᠣᠷᠣᠭᠰᠠᠨ ᠪᠢᠯᠡ᠃ᠲᠡᠳᠡ ᠪᠦᠭᠦᠳᠡᠭᠡᠷ ᠢ᠋ᠶ᠋ᠡᠨ ᠪᠥᠷᠲᠡ ᠶ᠋ᠢ ᠦᠷᠦ ᠡᠪᠡᠳᠴᠦ᠂ ᠬᠠᠮᠠᠭᠠᠯᠠᠬᠤ ᠬᠦᠰᠡᠯ ᠲᠡᠢ ᠪᠠᠢᠪᠠ᠃ᠭᠡᠪᠡᠴᠦ ᠲᠡᠳᠡ ᠶᠠᠭᠤ ᠬᠢᠵᠦ ᠴᠢᠳᠠᠬᠤ ᠪᠢᠯᠡ?
ᠵᠠᠯᠠᠭᠤ ᠨᠠᠰᠤᠨ ᠤ᠋ ᠬᠠᠢᠷᠠᠲᠠᠢ ᠡᠷ᠎ᠡ᠂ ᠬᠥᠪᠡᠭᠦᠳ ᠦ᠋ᠨ ᠬᠢᠨᠢ ᠡᠴᠢᠭᠡ ᠲᠡᠮᠦᠵᠢᠨ ᠣᠳᠣ ᠨᠢᠭᠡᠨᠲᠡ ᠥᠭᠡᠷ᠎ᠡ ᠪᠦᠰᠡᠭᠦᠢ ᠬᠠᠢᠷᠠᠯᠠᠬᠤ ᠪᠣᠯᠤᠭᠰᠠᠨ ᠢ᠋ ᠪᠥᠷᠲᠡ ᠥᠪᠡᠷ ᠦ᠋ᠨ ᠨᠢᠳᠦ ᠪᠡᠷ ᠦᠵᠡᠵᠡᠢ᠃ᠬᠡᠵᠢᠶ᠎ᠡ ᠨᠢᠭᠡᠨ ᠴᠠᠭ ᠲᠤ᠌ ᠪᠣᠯᠬᠤ ᠪᠠᠢᠭᠰᠠᠨ ᠶᠠᠭᠤᠮ᠎ᠠ ᠠᠰᠢᠭᠦᠢ ᠲᠣᠬᠢᠶᠠᠯᠳᠤᠯ ᠢ᠋ᠶ᠋ᠠᠷ ᠭᠡᠨᠡᠳᠲᠡ ᠢᠯᠡᠷᠡᠵᠦ ᠨᠢᠭᠤᠷ ᠬᠠᠭᠠᠷᠠᠪᠠ ᠭᠡᠵᠦ ᠲᠡᠮᠦᠵᠢᠨ ᠳᠣᠲᠣᠷ᠎ᠠ ᠪᠠᠨ ᠰᠠᠮ ᠪᠠᠶᠠᠷᠯᠠᠵᠤ ᠰᠠᠭᠤᠪᠠ᠃ᠪᠠᠰᠠ ᠥᠪᠡᠷ ᠦ᠋ᠨ ᠭᠡᠷ ᠦ᠋ᠨ ᠳᠡᠷᠭᠡᠳᠡ ᠶ᠋ᠢᠨ ᠬᠠᠷᠠᠭᠤᠯ ᠬᠠᠮᠠᠭᠠᠯᠠᠯᠲᠠ ᠶ᠋ᠢ ᠪᠡᠬᠢᠯᠡᠵᠦ᠂᠂ ᠬᠡᠨ ᠴᠦ᠍ ᠪᠠᠢᠭᠰᠠᠨ ᠣᠷᠣᠵᠤ ᠢᠷᠡᠳᠡᠭ ᠦᠭᠡᠢ ᠬᠠᠲᠠᠭᠤ ᠴᠢᠩᠳᠠ ᠪᠣᠯᠭᠠᠬᠤ᠂ ᠪᠠᠰᠠ ᠵᠥᠷᠢᠴᠡᠭᠰᠡᠨ ᠬᠡᠨ ᠢ᠋ ᠴᠦ᠍ ᠪᠣᠯᠪᠠ ᠵᠠᠯᠬᠠᠭᠠᠬᠤ ᠵᠢᠷᠤᠮ ᠬᠡᠷᠡᠭᠲᠡᠢ ᠭᠡᠵᠦ ᠳᠣᠲᠣᠷ᠎ᠠ ᠪᠠᠨ ᠰᠢᠢᠳᠪᠡ᠃ᠡᠷ᠎ᠡ ᠨᠢ ᠨᠢᠭᠡᠨᠲᠡ ᠥᠭᠡᠷ᠎ᠡ ᠡᠮ᠎ᠡ ᠲᠡᠢ ᠪᠣᠯᠤᠭᠰᠠᠨ ᠨᠢ ᠬᠡᠳᠦᠢ ᠭᠠᠰᠢᠭᠤᠨ ᠭᠤᠨᠢᠭᠲᠠᠢ ᠴᠤ᠌ ᠡᠨᠡ ᠴᠠᠭ ᠤ᠋ᠨ ᠡᠷ᠎ᠡ ᠶ᠋ᠢᠨ ᠶᠣᠰᠣ ᠲᠡᠢᠮᠦ ᠬᠣᠢᠨ᠎ᠠ ᠲᠡᠭᠦᠨ ᠢ᠋ ᠦᠭᠡ ᠳᠠᠭᠤ ᠦᠭᠡᠢ ᠳᠠᠭᠠᠬᠤ ᠡᠴᠡ ᠥᠭᠡᠷ᠎ᠡ ᠵᠠᠮ ᠪᠥᠷᠲᠡ ᠳ᠋ᠦ᠍ ᠦᠭᠡᠢ᠃ᠪᠥᠷᠲᠡ ᠤᠳᠠᠭᠠᠨ ᠳᠠᠭᠤ ᠦᠭᠡᠢ ᠰᠠᠭᠤᠵᠤ ᠲᠡᠪᠴᠢᠭᠰᠡᠨ ᠦᠭᠡᠢ᠃ᠲᠡᠷᠡ ᠠᠯᠢ ᠪᠣᠯᠬᠤ ᠲᠠᠢᠪᠤᠩ ᠬᠡᠨᠡᠭ ᠦᠭᠡᠢ ᠵᠠᠩ ᠭᠠᠷᠭᠠᠬᠤ ᠶ᠋ᠢ ᠬᠢᠴᠢᠶᠡᠨ᠎ᠡ᠃
— ᠲᠡᠮᠦᠵᠢᠨ᠃ᠡᠨᠡ ᠪᠦᠰᠡᠭᠦᠢ ᠶ᠋ᠢᠨ ᠨᠡᠷ᠎ᠡ ᠬᠡᠨ ᠪᠣᠢ? ᠲᠠᠲ᠋ᠠᠷ ᠬᠥᠮᠦᠨ ᠪᠢᠵᠡ?
— ᠲᠡᠢᠮᠦ ᠠ᠋᠃ᠲᠠᠲ᠋ᠠᠷ ᠤ᠋ᠨ ᠶᠡᠬᠡ ᠴᠡᠷᠡᠨ ᠦ᠌ ᠥᠬᠢᠨ ᠶᠤᠮ᠃ᠨᠡᠷ᠎ᠡ ᠨᠢ ᠶᠢᠰᠦᠬᠡᠨ ᠭᠡᠳᠡᠭ᠃ᠡᠴᠢᠭᠡ ᠨᠢ ᠨᠠᠳᠠᠳᠤ ᠪᠠᠭᠤᠨ ᠥᠭᠴᠦ ᠥᠬᠢᠨ ᠢ᠋ᠶ᠋ᠡᠨ ᠪᠡᠯᠡᠭᠯᠡᠭᠰᠡᠨ ᠶᠤᠮ᠃
— ᠴᠢᠮᠠᠲᠤ ᠨᠢᠭᠡᠨᠲᠡ ᠲᠠᠭᠠᠯᠠᠭᠳᠠᠭᠰᠠᠨ ᠪᠣᠯ ᠬᠠᠲᠤᠨ ᠤ᠋ ᠶᠣᠰᠣᠭᠠᠷ ᠬᠦᠨᠳᠦᠳᠬᠡᠨ ᠠᠪᠤᠭᠠᠴᠢ᠃ᠪᠢ ᠪᠠᠭ᠎ᠠ ᠬᠠᠲᠤᠨ ᠳ᠋ᠤ᠌ ᠴᠢᠨᠢ ᠭᠡᠷ ᠢ᠋ ᠨᠢ ᠪᠡᠯᠡᠳᠦᠭᠦᠯᠦᠶ᠎ᠡ᠃ᠶᠠᠭᠠᠬᠢᠬᠤ ᠪᠣᠢ? ᠥᠨᠥ ᠪᠣᠭᠣᠯ ᠰᠤᠷᠠᠬᠠ ᠰᠢᠷ᠎ᠠ ᠶ᠋ᠢᠨ ᠥᠬᠢᠨ ᠬᠠᠲᠠᠭᠠᠨ ᠡᠴᠡ ᠳᠡᠭᠡᠷ᠎ᠡ᠃ᠬᠠᠭᠠᠨ ᠬᠥᠮᠦᠨ ᠬᠠᠷᠢ ᠠᠢᠮᠠᠭ ᠤ᠋ᠨ ᠬᠠᠴᠠᠷ ᠭᠤᠸ᠎ᠠ ᠡᠮ᠎ᠡ ᠶ᠋ᠢ ᠠᠪᠬᠤ ᠦᠭᠡᠢ ᠬᠠᠶᠠᠭᠠᠨ ᠤ᠋ ᠬᠠᠷᠠᠴᠤ ᠪᠣᠭᠣᠯ ᠤ᠋ᠨ ᠢ᠋ᠶ᠋ᠠᠨ ᠡᠮ᠎ᠡ ᠲᠡᠢ ᠱᠠᠯᠢᠭᠯᠠᠵᠤ ᠶᠠᠭᠠᠬᠢᠵᠤ ᠪᠣᠯᠬᠤ ᠪᠣᠢ?ᠭᠡᠵᠦ ᠪᠥᠷᠲᠡ ᠬᠡᠯᠡᠬᠦ ᠳ᠋ᠡᠭᠡᠨ ᠲᠡᠮᠦᠵᠢᠨ ᠢ᠋ ᠠᠩᠬ᠎ᠠ ᠤᠳᠠᠭ᠎ᠠ《ᠬᠠᠭᠠᠨ》 ᠭᠡᠵᠦ ᠳᠠᠭᠤᠳᠠᠪᠠ᠃ᠶᠠᠭᠠᠬᠢᠵᠤ ᠡᠢᠮᠦ ᠦᠭᠡ ᠣᠯᠵᠤ ᠬᠡᠯᠡᠵᠦ ᠴᠢᠳᠠᠭᠰᠠᠨ ᠢ᠋ᠶ᠋ᠠᠨ ᠬᠣᠵᠢᠮ ᠪᠣᠯᠲᠠᠯ᠎ᠠ ᠪᠥᠷᠲᠡ ᠥᠪᠡᠷ ᠢ᠋ᠶ᠋ᠡᠨ ᠴᠦ᠍ ᠰᠠᠢᠨ ᠣᠢᠯᠠᠭᠠᠭ᠎ᠠ ᠦᠭᠡᠢ ᠪᠢᠯᠡ᠃ᠬᠠᠷᠢᠨ ᠡᠨᠡ ᠦᠭᠡ ᠲᠡᠮᠦᠵᠢᠨ ᠢ᠋ ᠪᠠᠶᠠᠷᠯᠠᠭᠤᠯᠵᠤ ᠪᠠᠰᠠ ᠢᠴᠢᠭᠡᠪᠡ᠃ᠬᠠᠭᠠᠨ ᠬᠥᠮᠦᠨ ᠦ᠌ ᠲᠤᠬᠠᠢ ᠬᠡᠯᠡᠭᠰᠡᠨ ᠨᠢ ᠪᠥᠷᠲᠡ ᠶ᠋ᠢᠨ ᠤᠬᠠᠭᠠᠨ ᠲᠡᠪᠴᠢᠶᠡᠷᠢ ᠶ᠋ᠢ ᠢᠯᠡᠳᠬᠡᠨ᠎ᠡ᠃ᠪᠠᠰᠠ ᠲᠠᠢᠴᠢᠭᠤᠳ ᠲᠤ᠌ ᠣᠯᠵᠠᠯᠠᠭᠳᠠᠵᠤ ᠶᠠᠪᠤᠬᠤ ᠳ᠋ᠠᠭᠠᠨ ᠤᠴᠠᠷᠠᠭᠰᠠᠨ ᠰᠤᠷᠠᠬᠠ ᠰᠢᠷ᠎ᠠ ᠶ᠋ᠢᠨ ᠥᠬᠢᠨ ᠬᠠᠲᠠᠭᠠᠨ ᠲᠠᠢ ᠣᠳᠣ ᠪᠣᠯᠲᠠᠯ᠎ᠠ ᠨᠢᠭᠤᠴᠠ ᠪᠠᠷ ᠤᠴᠠᠷᠠᠭᠰᠠᠭᠠᠷ ᠪᠠᠢᠭ᠎ᠠ ᠶ᠋ᠢ ᠮᠡᠳᠡᠳᠡᠭ᠂ ᠪᠠᠰᠠ ᠪᠣᠭᠣᠯ ᠤ᠋ᠨ ᠢ᠋ᠶ᠋ᠠᠨ ᠥᠬᠢᠨ ᠲᠡᠢ ᠰᠠᠮᠠᠭᠤᠷᠠᠬᠤ ᠨᠢ ᠵᠣᠬᠢᠰ ᠦᠭᠡᠢ ᠭᠡᠵᠦ ᠰᠢᠭᠦᠮᠵᠢᠯᠡᠵᠦ ᠬᠡᠯᠡᠭᠰᠡᠨ ᠨᠢ ᠲᠡᠮᠦᠵᠢᠨ ᠢ᠋ ᠶᠡᠬᠡᠳᠡ ᠢᠴᠢᠭᠡᠪᠡ᠃
ᠭᠡᠪᠡᠴᠦ ᠲᠡᠮᠦᠵᠢᠨ ᠬᠠᠲᠠᠭᠠᠨ ᠢ᠋ ᠮᠠᠷᠲᠠᠵᠤ ᠦᠯᠦ ᠴᠢᠳᠠᠨ᠎ᠠ᠃ᠶᠠᠭᠠᠬᠢᠭᠠᠳ ᠭᠡᠳᠡᠭ ᠢ᠋ᠶ᠋ᠡᠨ ᠴᠦ᠍ ᠲᠡᠷᠡ ᠪᠠᠰᠠ ᠰᠠᠢᠨ ᠮᠡᠳᠡᠳᠡᠭ ᠦᠭᠡᠢ ᠪᠠᠢᠪᠠ᠃ᠭᠠᠢᠬᠠᠯᠲᠠᠢ ᠰᠠᠢᠬᠠᠨ ᠵᠢᠰᠦ ᠴᠢᠷᠠᠢ ᠦᠭᠡᠢ᠂ ᠲᠠᠴᠢᠶᠠᠳᠠᠨ ᠢᠨᠠᠭᠯᠠᠬᠤ ᠣᠨᠴᠠᠭᠠᠢ ᠡᠷᠳᠡᠮ ᠦᠭᠡᠢ ᠲᠡᠷᠡ ᠶᠠᠳᠠᠭᠤ ᠪᠦᠰᠡᠭᠦᠢ ᠲᠡᠭᠦᠨ ᠦ᠌ ᠰᠡᠳᠬᠢᠯ ᠳ᠋ᠦ᠍ ᠶᠠᠭᠠᠬᠢᠭᠠᠳ ᠲᠡᠭᠡᠵᠦ ᠭᠦᠨ ᠰᠢᠩᠭᠡᠭᠰᠡᠨ ᠶᠤᠮ ᠪᠦᠦ ᠮᠡᠳᠡ᠃ᠥᠪᠡᠷ ᠦ᠋ᠨ ᠠᠢᠮᠠᠭ ᠤ᠋ᠨ ᠪᠣᠭᠣᠯ ᠤ᠋ᠨ ᠥᠬᠢᠨ ᠪᠢᠰᠢ ᠪᠠᠢᠭᠰᠠᠨ ᠪᠣᠯ ᠲᠡᠮᠦᠵᠢᠨ ᠬᠠᠲᠠᠭᠠᠨ ᠢ᠋ ᠰᠢᠭᠤᠳ ᠯᠠ ᠡᠬᠡᠨᠡᠷ ᠢ᠋ᠶ᠋ᠡᠨ ᠪᠣᠯᠭᠠᠨ ᠠᠪᠬᠤ ᠪᠠᠢᠯ᠎ᠠ᠃ᠭᠡᠪᠡᠴᠦ ᠲᠡᠢᠮᠦ ᠬᠤᠪᠢ ᠵᠣᠬᠢᠶᠠᠯ ᠲᠡᠳᠡᠨ ᠳ᠋ᠦ᠍ ᠪᠠᠢᠭᠰᠠᠨ ᠦᠭᠡᠢ᠃
ᠡᠢᠮᠦ ᠦᠭᠡ ᠬᠡᠯᠡᠬᠦ ᠳ᠋ᠦ᠍ ᠪᠥᠷᠲᠡ ᠳ᠋ᠦ᠍ ᠦᠨᠡᠬᠡᠷ ᠵᠦᠢᠷᠯᠡᠬᠦ ᠶᠠᠭᠤᠮ᠎ᠠ ᠦᠭᠡᠢ ᠬᠡᠴᠡᠭᠦᠦ ᠪᠠᠢᠭᠰᠠᠨ ᠴᠤ᠌ ᠪᠠᠰᠠ ᠡᠭᠦᠨ ᠡᠴᠡ ᠥᠭᠡᠷ᠎ᠡ ᠵᠠᠮ ᠪᠠᠢᠭᠰᠠᠨ ᠦᠭᠡᠢ᠃ᠡᠷ᠎ᠡ ᠨᠢ ᠥᠭᠡᠷ᠎ᠡ ᠡᠮ᠎ᠡ ᠠᠪᠤᠪᠠ ᠭᠡᠵᠦ ᠰᠠᠨᠠᠭ᠎ᠠ ᠰᠡᠳᠬᠢᠯ ᠠᠯᠳᠠᠷᠠᠵᠤ ᠬᠥᠮᠦᠨ ᠳ᠋ᠦ᠍ ᠮᠠᠭᠤ ᠪᠠᠨ ᠦᠵᠡᠭᠦᠯᠵᠦ ᠪᠣᠯᠬᠤ ᠦᠭᠡᠢ ᠭᠡᠵᠦ ᠬᠠᠲᠠᠭᠤᠵᠢᠨ ᠪᠣᠳᠣᠵᠠᠢ᠃ᠰᠥᠨᠥᠭᠡᠨ ᠳᠠᠷᠤᠭᠰᠠᠨ ᠳᠠᠢᠰᠤᠨ ᠤ᠋ ᠪᠠᠨ ᠦᠵᠡᠰᠬᠦᠯᠡᠩᠲᠦ ᠡᠮ᠎ᠡ ᠶ᠋ᠢ ᠡᠵᠡᠮᠳᠡᠨ ᠠᠪᠬᠤ ᠨᠢ ᠤᠭ ᠡᠴᠡ ᠪᠠᠨ ᠲᠡᠮᠦᠵᠢᠨ ᠦ᠌ ᠨᠡᠷ᠎ᠡ ᠲᠥᠷᠥ ᠶ᠋ᠢᠨ ᠬᠡᠷᠡᠭ᠂ ᠪᠠᠰᠠ ᠪᠠᠬᠠᠳᠤᠯᠲᠠᠢ ᠶᠠᠪᠤᠳᠠᠯ ᠭᠡᠵᠦ ᠪᠥᠷᠲᠡ ᠦᠵᠡᠵᠡᠢ᠃ᠢᠩᠭᠢᠵᠦ ᠲᠠᠲ᠋ᠠᠷ ᠪᠦᠰᠡᠭᠦᠢ ᠶᠢᠰᠦᠬᠡᠨ ᠲᠡᠮᠦᠵᠢᠨ ᠦ᠌ ᠬᠠᠲᠤᠨ ᠪᠣᠯᠬᠤ ᠬᠡᠷᠡᠭ ᠰᠢᠢᠳᠦᠭᠳᠡᠪᠡ᠃ᠲᠡᠮᠦᠵᠢᠨ ᠡᠨᠡ ᠶᠠᠪᠤᠳᠠᠯ ᠳ᠋ᠤ᠌ ᠶᠡᠬᠡᠳᠡ ᠪᠠᠶᠠᠷᠯᠠᠨ ᠪᠥᠷᠲᠡ ᠬᠠᠲᠤᠨ ᠤ᠋ ᠪᠠᠨ ᠤᠬᠠᠭᠠᠨ ᠲᠡᠪᠴᠢᠶᠡᠷᠢ ᠶ᠋ᠢ ᠭᠠᠢᠬᠠᠵᠠᠢ᠃ᠭᠡᠲᠡᠯ᠎ᠡ ᠡᠭᠦᠨ ᠡᠴᠡ ᠬᠣᠢᠰᠢ ᠪᠦᠷ ᠴᠦ᠍ ᠭᠠᠢᠬᠠᠯᠲᠠᠢ ᠬᠡᠷᠡᠭ ᠪᠣᠯᠬᠤ ᠶ᠋ᠢ ᠲᠡᠷᠡ ᠳᠠᠭᠠᠭᠰᠠᠨ ᠦᠭᠡᠢ᠃ᠪᠥᠷᠲᠡ ᠶ᠋ᠢᠨ ᠶᠠᠭᠤ ᠪᠣᠳᠣᠵᠤ ᠰᠢᠢᠳᠦᠭᠰᠡᠨ ᠢ᠋ ᠲᠡᠮᠦᠵᠢᠨ ᠭᠦᠢᠴᠡᠳ ᠤᠬᠠᠭᠠᠷᠠᠨ ᠣᠢᠯᠠᠭᠠᠵᠤ ᠴᠢᠳᠠᠭᠰᠠᠨ ᠦᠭᠡᠢ᠃
ᠨᠢᠭᠡᠨᠲᠡ ᠬᠡᠷᠡᠭ ᠡᠢᠮᠦ ᠳᠡᠭᠡᠷ᠎ᠡ ᠪᠡᠨ ᠲᠤᠯᠵᠤ ᠪᠥᠷᠲᠡ ᠪᠦᠭᠦᠳᠡ ᠶ᠋ᠢ ᠵᠥᠪᠰᠢᠶᠡᠷᠡᠭᠰᠡᠨ ᠲᠤᠯᠠ ᠲᠡᠮᠦᠵᠢᠨ ᠲᠠᠢᠪᠤᠰᠢᠷᠠᠵᠤ ᠣᠷᠣᠨ ᠳᠡᠭᠡᠷ᠎ᠡ ᠨᠢᠴᠦᠭᠦᠯᠡᠨ ᠬᠡᠪᠲᠡᠪᠡ᠃ᠣᠳᠣ ᠲᠡᠭᠦᠨ ᠳ᠋ᠦ᠍ ᠪᠥᠷᠲᠡ ᠶ᠋ᠢᠨ ᠡᠨᠡ ᠬᠣᠯᠠ ᠭᠠᠵᠠᠷ ᠪᠡᠶ᠎ᠡ ᠪᠡᠨ ᠵᠣᠪᠠᠭᠠᠵᠤ ᠶᠠᠭᠠᠬᠢᠬᠤ ᠭᠡᠵᠦ ᠢᠷᠡᠭᠰᠡᠨ ᠨᠢ ᠰᠣᠨᠢᠨ ᠪᠠᠢᠪᠠ᠃ᠯᠠᠪ ᠦᠬᠦᠯ ᠵᠣᠪᠠᠯᠠᠩ ᠠᠷᠤ ᠭᠡᠷ ᠲᠦ᠋ᠨᠢ ᠤᠴᠠᠷᠠᠭ᠎ᠠ ᠦᠭᠡᠢ ᠨᠢ ᠯᠠᠪᠲᠠᠢ᠃ᠲᠡᠢᠮᠦ ᠪᠠᠢᠭᠰᠠᠨ ᠪᠣᠯ ᠪᠥᠷᠲᠡ ᠢᠷᠡᠩᠭᠦᠲᠡ ᠯᠡ ᠬᠡᠯᠡᠬᠦ ᠪᠠᠢᠭᠰᠠᠨ ᠪᠢᠵᠡ᠃ᠮᠢᠨᠦ ᠳᠡᠷᠭᠡᠳᠡ ᠡᠴᠡ ᠬᠡᠨ ᠨᠢᠭᠡᠨ ᠶᠢᠰᠦᠬᠡᠨ ᠦ᠌ ᠲᠤᠬᠠᠢ ᠬᠣᠪ ᠵᠥᠭᠡᠭᠡᠵᠦ ᠲᠡᠭᠡᠭᠡᠳ ᠪᠥᠷᠲᠡ ᠡᠮ᠎ᠡ ᠬᠥᠮᠦᠨ ᠦ᠌ ᠠᠲᠠᠭᠠᠷᠬᠠᠬᠤ ᠵᠠᠩ ᠳ᠋ᠠᠭᠠᠨ ᠬᠥᠲᠥᠯᠦᠭᠳᠡᠨ ᠢᠷᠡᠵᠡᠢ ᠭᠡᠵᠦ ᠲᠡᠮᠦᠵᠢᠨ ᠳᠠᠭᠠᠪᠤᠷᠢᠯᠠᠭᠠᠳ ᠲᠠᠢᠪᠤᠰᠢᠷᠠᠵᠠᠢ᠃ᠦᠳᠡᠰᠢ ᠪᠣᠯᠵᠤ ᠬᠣᠯᠠ ᠳ᠋ᠤ᠌ ᠠᠳᠤᠭᠤ ᠤᠩᠭᠤᠯᠳᠠᠬᠤ᠂ ᠪᠠᠰᠠ ᠣᠢᠷᠠᠬᠠᠨ ᠪᠦᠰᠡᠭᠦᠢ ᠬᠥᠮᠦᠨ ᠮᠡᠭᠰᠢᠨ ᠤᠬᠢᠯᠠᠬᠤ᠂ ᠪᠠᠰᠠ ᠬᠡᠩᠰᠢᠨ ᠢᠨᠴᠠᠭᠯᠠᠬᠤ ᠰᠣᠨᠣᠰᠳᠠᠬᠤ ᠨᠢ ᠲᠡᠮᠦᠵᠢᠨ ᠦ᠌ ᠰᠢᠳᠠᠷ ᠤ᠋ᠳ ᠤ᠋ᠨ ᠬᠡᠨ ᠨᠢᠭᠡ ᠨᠢ ᠲᠠᠲ᠋ᠠᠷ ᠪᠦᠰᠡᠭᠦᠢ ᠡᠳ᠋ᠯᠡᠵᠦ ᠪᠠᠢᠭ᠎ᠠ ᠨᠢ ᠲᠡᠷᠡ᠃ᠤᠴᠢᠷ ᠨᠢ ᠭᠡᠷ ᠦ᠋ᠨ ᠣᠢᠷ᠎ᠠ ᠪᠤᠭᠤᠷᠴᠢ᠂ ᠵᠡᠯᠮ᠎ᠡ ᠨᠠᠷ ᠠᠰᠠᠷ ᠢ᠋ᠶ᠋ᠠᠨ ᠪᠠᠷᠢᠨ ᠲᠤᠬᠠᠯᠠᠵᠠᠢ᠃ᠡᠨᠡ ᠲᠠᠴᠢᠶᠠᠩᠭᠤᠢ ᠴᠢᠮᠡᠭᠡ ᠶ᠋ᠢ ᠰᠣᠨᠣᠰᠤᠨ ᠲᠡᠷᠡ ᠬᠣᠶᠠᠷ ᠲᠠᠭ ᠴᠢᠮᠡᠭᠡ ᠦᠭᠡᠢ ᠪᠠᠢᠵᠠᠭᠠᠨ᠎ᠠ᠃ᠵᠠᠳᠠᠭᠠᠢ ᠭᠠᠯ ᠤ᠋ᠨ ᠭᠡᠷᠡᠯ ᠳ᠋ᠦ᠍ ᠪᠥᠷᠲᠡ ᠢᠷᠡᠭᠰᠡᠨ ᠴᠢᠭ ᠢ᠋ᠶ᠋ᠡᠷ ᠰᠠᠭᠤᠨ᠎ᠠ᠃
— ᠴᠢ ᠶᠠᠭᠠᠬᠢᠬᠤ ᠭᠡᠵᠦ ᠢᠷᠡᠪᠡ?
ᠲᠡᠮᠦᠵᠢᠨ ᠶᠡᠬᠡ ᠯᠡ ᠬᠠᠢᠩᠭᠤ ᠥᠩᠭᠡ ᠪᠡᠷ ᠠᠰᠠᠭᠤᠵᠤ ᠪᠠᠰᠠ ᠡᠪᠰᠢᠶᠡᠭᠰᠡᠨ ᠴᠦ᠍ ᠶᠠᠭᠤ ᠭᠡᠵᠦ ᠬᠠᠷᠢᠭᠤᠯᠬᠤ ᠪᠣᠯ ᠭᠡᠵᠦ ᠬᠦᠯᠢᠶᠡᠨ ᠳᠣᠭᠳᠣᠯᠤᠭᠰᠠᠨ ᠨᠢ ᠢᠯᠡᠳᠲᠡ ᠰᠣᠨᠣᠰᠳᠠᠨ᠎ᠠ᠃
— ᠪᠢ ᠴᠢᠨᠦ ᠲᠠᠲ᠋ᠠᠷ ᠡᠮ᠎ᠡ ᠡᠳ᠋ᠯᠡᠬᠦ ᠶ᠋ᠢ ᠴᠢᠨᠢ ᠦᠵᠡᠬᠦ ᠪᠡᠷ ᠢᠷᠡᠪᠡ᠃
ᠰᠠᠨᠠᠭᠠᠨ ᠳ᠋ᠤ᠌ ᠦᠭᠡᠢ ᠡᠢᠮᠦ ᠬᠠᠴᠢᠷᠬᠠᠯᠲᠠᠢ ᠦᠭᠡ ᠰᠣᠨᠣᠰᠤᠨ᠎ᠠ ᠭᠡᠵᠦ ᠳᠠᠩᠴᠤ ᠪᠣᠳᠣᠭ᠎ᠠ ᠦᠭᠡᠢ ᠲᠤᠯᠠ ᠲᠤᠯᠭᠠᠮᠳᠠᠵᠤ《ᠭᠡᠭ》 ᠭᠡᠵᠦ ᠪᠢᠲᠡᠭᠦᠦ ᠳᠠᠭᠤ ᠭᠠᠷᠭᠠᠬᠤ ᠡᠴᠡ ᠥᠭᠡᠷ᠎ᠡ ᠶ᠋ᠢ ᠲᠡᠮᠦᠵᠢᠨ ᠬᠡᠯᠡᠵᠦ ᠡᠰᠡ ᠴᠢᠳᠠᠪᠠ᠃
ᠬᠣᠶᠠᠷ ᠬᠥᠪᠡᠭᠦᠨ ᠢ᠋ᠶ᠋ᠡᠨ ᠵᠣᠳᠣᠯᠳᠤᠵᠤ ᠰᠢᠷᠬᠠᠲᠤᠭᠰᠠᠨ ᠢ᠋᠂ ᠴᠠᠭᠠᠲᠠᠢ ᠶ᠋ᠢᠨ ᠶᠠᠭᠤ ᠭᠡᠵᠦ ᠬᠡᠯᠡᠭᠰᠡᠨ ᠢ᠋ ᠥᠨᠥᠳᠥᠷ ᠶᠠᠷᠢᠬᠤ ᠬᠡᠷᠡᠭ ᠦᠭᠡᠢ ᠭᠡᠵᠦ ᠪᠥᠷᠲᠡ ᠪᠣᠳᠣᠵᠠᠢ᠃ᠵᠥᠴᠢ ᠴᠠᠭᠠᠲᠠᠢ ᠬᠣᠶᠠᠷ ᠤ᠋ᠨ ᠥᠷᠢᠰᠦᠯᠳᠦᠭᠰᠡᠨ ᠲᠡᠮᠡᠴᠡᠯ ᠢ᠋ ᠠᠶᠠᠲᠠᠢ ᠰᠢᠢᠳᠬᠦ ᠠᠷᠭ᠎ᠠ ᠶ᠋ᠢ ᠪᠥᠷᠲᠡ ᠵᠠᠮ ᠵᠠᠭᠤᠷ᠎ᠠ ᠡᠨᠳᠡ ᠢᠷᠡᠲᠡᠯ᠎ᠡ ᠬᠡᠳᠦ ᠬᠣᠨᠣᠭ ᠶᠠᠪᠤᠬᠤ ᠳ᠋ᠠᠭᠠᠨ ᠨᠢᠭᠡᠨᠲᠡ ᠪᠣᠳᠣᠵᠤ ᠣᠯᠤᠭᠰᠠᠨ ᠪᠢᠯᠡ᠃ᠭᠡᠪᠡᠴᠦ ᠥᠨᠥᠳᠥᠷ ᠰᠡᠳᠬᠢᠯ ᠰᠠᠨᠠᠭ᠎ᠠ ᠨᠢ ᠣᠭᠲᠣ ᠥᠭᠡᠷ᠎ᠡ ᠵᠦᠢᠯ ᠳ᠋ᠦ᠍ ᠡᠵᠡᠯᠡᠭᠳᠡᠭᠡᠳ ᠲᠡᠷᠡ ᠲᠤᠬᠠᠢ ᠬᠡᠯᠡᠬᠦ ᠪᠡᠨ ᠮᠠᠷᠭᠠᠰᠢ ᠪᠣᠯᠲᠠᠯ᠎ᠠ ᠬᠣᠢᠰᠢᠯᠠᠭᠤᠯᠬᠤ ᠪᠠᠷ ᠰᠢᠢᠳᠴᠡᠢ᠃ᠶᠡᠷᠦ ᠲᠡᠭᠦᠨ ᠳ᠋ᠦ᠍ ᠶᠠᠭᠠᠷᠠᠬᠤ ᠬᠡᠷᠡᠭ ᠪᠠᠢᠭᠰᠠᠨ ᠦᠭᠡᠢ᠃ᠲᠡᠳᠡ ᠬᠠᠮᠲᠤ ᠠᠮᠢᠳᠤᠷᠠᠭᠠᠳ ᠠᠷᠪᠠᠨ ᠵᠢᠷᠭᠤᠭᠠᠨ ᠵᠢᠯ ᠪᠣᠯᠤᠭᠰᠠᠨ ᠴᠤ᠌ ᠥᠩᠭᠡᠷᠡᠭᠰᠡᠨ ᠬᠤᠭᠤᠴᠠᠭᠠᠨ ᠳ᠋ᠤ᠌ ᠲᠡᠮᠦᠵᠢᠨ ᠥᠭᠡᠷ᠎ᠡ ᠡᠮ᠎ᠡ ᠶ᠋ᠢ ᠭᠡᠷ ᠲᠡᠭᠡᠨ ᠣᠷᠣᠭᠤᠯᠵᠤ ᠪᠠᠢᠭᠰᠠᠨ ᠦᠭᠡᠢ᠃ᠬᠠᠷᠢᠨ ᠣᠳᠣ ᠠᠪᠠᠯᠢ ᠡᠷ᠎ᠡ ᠲᠡᠮᠦᠵᠢᠨ ᠨᠢ ᠵᠠᠯᠠᠭᠤ ᠲᠠᠲ᠋ᠠᠷ ᠪᠦᠰᠡᠭᠦᠢ ᠲᠡᠢ ᠬᠡᠷᠬᠢᠨ ᠠᠮᠠᠷᠠᠭᠯᠠᠵᠤ ᠪᠠᠢᠭᠰᠠᠨ ᠢ᠋ ᠪᠥᠷᠲᠡ ᠥᠪᠡᠷ ᠦ᠋ᠨ ᠨᠢᠳᠦ ᠪᠡᠷ ᠦᠵᠡᠪᠡ᠃
— ᠴᠢ ᠮᠢᠨᠦ ᠳᠥᠷᠪᠡᠨ ᠬᠥᠪᠡᠭᠦᠨ ᠦ᠌ ᠮᠢᠨᠢ ᠡᠬᠡ᠂ ᠮᠢᠨᠦ ᠶᠡᠬᠡ ᠬᠠᠲᠤᠨ ᠰᠢᠦ ᠭᠡᠵᠦ ᠲᠡᠮᠦᠵᠢᠨ ᠪᠥᠷᠲᠡ ᠶ᠋ᠢᠨ ᠲᠠᠷᠭᠤᠨ ᠱᠠᠯᠬᠠᠭᠠᠷ ᠬᠠᠷᠪᠢᠩ᠂ ᠤᠨᠵᠢᠢᠭᠰᠠᠨ ᠬᠥᠬᠥ ᠶ᠋ᠢ ᠳᠤᠷ᠎ᠠ ᠲᠠᠢ ᠳᠤᠷ᠎ᠠ ᠦᠭᠡᠢ ᠢᠯᠪᠢᠬᠦ ᠳ᠋ᠡᠭᠡᠨ ᠰᠢᠪᠡᠨᠡᠵᠦ ᠪᠠᠢᠪᠠ᠃ᠡᠨᠡ ᠪᠣᠯ ᠨᠢᠭᠡ ᠲᠠᠯ᠎ᠠ ᠡᠴᠡ ᠪᠥᠷᠲᠡ ᠶ᠋ᠢ ᠠᠷᠭᠠᠳᠠᠭᠰᠠᠨ ᠨᠥᠭᠦᠭᠡ ᠲᠠᠯ᠎ᠠ ᠡᠴᠡ ᠤᠬᠠᠭᠠᠨ ᠲᠠᠢ ᠳ᠋ᠤᠨᠢ ᠲᠠᠯᠠᠷᠬᠠᠭᠰᠠᠨ ᠰᠡᠳᠬᠢᠯ ᠦ᠋ᠨ ᠦᠭᠡ ᠶᠤᠮ᠃ᠡᠬᠡᠨᠡᠷ ᠢ᠋ᠶ᠋ᠡᠨ ᠢᠯᠢᠵᠦ ᠲᠠᠭᠠᠯᠠᠵᠤ ᠬᠡᠪᠲᠡᠬᠦ ᠳ᠋ᠡᠭᠡᠨ ᠲᠡᠮᠦᠵᠢᠨ ᠦ᠌ ᠰᠡᠳᠬᠢᠯ ᠳᠣᠭᠳᠣᠯᠵᠤ᠂ ᠰᠠᠷᠠᠯ ᠬᠥᠳᠡᠯᠦᠭᠰᠡᠨ ᠦᠭᠡᠢ᠃ᠡᠭᠦᠨ ᠳ᠋ᠦ᠍ ᠶᠡᠷᠦ ᠭᠠᠢᠬᠠᠬᠤ ᠵᠦᠢᠯ ᠦᠭᠡᠢ ᠶᠤᠮ᠂ ᠦᠵᠡᠮᠵᠢ ᠲᠡᠭᠦᠰ᠂ ᠪᠡᠶ᠎ᠡ ᠴᠢᠩᠭ᠎ᠠ᠂ ᠵᠠᠯᠠᠭᠤ ᠲᠠᠲ᠋ᠠᠷ ᠪᠦᠰᠡᠭᠦᠢ ᠶ᠋ᠢ ᠡᠳᠦᠷ ᠰᠥᠨᠢ ᠦᠭᠡᠢ ᠡᠳ᠋ᠯᠡᠵᠦ ᠲᠡᠭᠦᠨ ᠦ᠌ ᠳᠤᠷ᠎ᠠ ᠬᠦᠰᠡᠯ ᠬᠠᠨᠤᠭᠠᠳ ᠣᠳᠣ ᠵᠥᠪᠬᠡᠨ ᠲᠠᠢᠪᠤᠩ ᠰᠠᠢᠬᠠᠨ ᠤᠨᠲᠠᠬᠤ ᠶ᠋ᠢ ᠯᠡ ᠬᠦᠰᠡᠵᠦ ᠪᠠᠢᠯ᠎ᠠ᠃ᠬᠠᠷᠢᠨ ᠪᠥᠷᠲᠡ ᠶ᠋ᠢᠨ ᠬᠤᠪᠢ ᠳ᠋ᠤ᠌ ᠪᠦᠷ ᠡᠰᠡᠷᠭᠦ ᠪᠡᠷ ᠣᠯᠠᠨ ᠬᠣᠨᠣᠭ ᠡᠷ᠎ᠡ ᠡᠴᠡ ᠬᠣᠯᠠ ᠪᠠᠢᠵᠤ ᠬᠠᠭᠰᠠᠷᠠᠭᠰᠠᠨ ᠪᠡᠶ᠎ᠡ ᠨᠢ ᠲᠡᠮᠦᠵᠢᠨ ᠦ᠌ ᠡᠪᠡᠷᠰᠢᠭᠰᠡᠨ ᠠᠯᠠᠭ᠎ᠠ ᠬᠦᠷᠬᠦ ᠪᠦᠷᠢ ᠴᠢᠪᠴᠢᠷᠠᠨ ᠳᠣᠷᠭᠢᠵᠤ᠂ ᠳᠤᠷ᠎ᠠ ᠬᠦᠰᠡᠯ ᠨᠢ ᠣᠷᠭᠢᠯᠤᠨ ᠪᠠᠢᠵᠤ ᠶᠠᠳᠠᠪᠠᠴᠤ ᠲᠡᠮᠦᠵᠢᠨ ᠦ᠌ ᠪᠡᠶ᠎ᠡ ᠮᠠᠬᠠᠪᠣᠳ ᠨᠣᠢᠷᠮᠤᠭᠯᠠᠨ ᠤᠨᠵᠢᠢᠬᠤ ᠨᠢ ᠠᠭᠤᠷ ᠪᠣᠬᠢᠮᠳᠤᠯ ᠢ᠋ ᠲᠥᠷᠥᠭᠦᠯᠦᠨ᠎ᠡ᠃ᠠᠪᠠᠯᠢ ᠡᠷ᠎ᠡ ᠶ᠋ᠢᠨ ᠡᠢᠮᠦ ᠤᠩᠬᠢᠶ᠎ᠠ ᠦᠭᠡᠢ᠂ ᠳᠤᠷ᠎ᠠ ᠦᠭᠡᠢ ᠪᠠᠢᠳᠠᠯ ᠶᠠᠮᠠᠷ ᠴᠤ᠌ ᠡᠮ᠎ᠡ ᠶ᠋ᠢᠨ ᠠᠭᠤᠷ᠂ ᠡᠭᠳᠡᠭᠦᠴᠡᠯ ᠢ᠋ ᠲᠥᠷᠥᠭᠦᠯᠬᠦ ᠨᠢ ᠭᠠᠷᠴᠠᠭ᠎ᠠ ᠦᠭᠡᠢ ᠪᠢᠵᠡ ᠠ᠋᠃ᠭᠡᠲᠡᠯ᠎ᠡ ᠡᠨᠡ ᠠᠷᠭ᠎ᠠ ᠶᠠᠳᠠᠭᠰᠠᠨ ᠮᠥᠴᠡ ᠳ᠋ᠦ᠍ ᠪᠥᠷᠲᠡ ᠶ᠋ᠢᠨ ᠰᠠᠨᠠᠭᠠᠨ ᠳ᠋ᠤ᠌ ᠨᠢᠭᠡᠨ ᠪᠣᠳᠣᠯ ᠬᠢᠯᠠᠰᠬᠢᠯ᠎ᠡ᠃ᠬᠣᠷᠣ ᠰᠢᠷ᠎ᠠ ᠨᠢ ᠪᠤᠴᠠᠯᠤᠭᠰᠠᠨ ᠪᠥᠷᠲᠡ ᠪᠠᠢᠵᠤ ᠶᠠᠳᠠᠬᠤ ᠳ᠋ᠠᠭᠠᠨ ᠣᠯᠠᠨ ᠢ᠋ ᠭᠦᠶᠦᠯᠭᠡᠨ ᠪᠣᠳᠣᠪᠠ᠃ᠡᠨᠡ ᠮᠥᠴᠡ ᠳ᠋ᠦ᠍ ᠨᠢᠭᠡᠨ ᠡᠲᠡᠭᠡᠳ ᠪᠣᠳᠣᠯ ᠲᠥᠷᠥᠵᠡᠢ᠃ᠡᠷᠡᠭᠡᠯᠵᠡᠭᠰᠡᠨ ᠬᠡᠳᠦᠢ ᠴᠦ᠍ ᠪᠦᠷ ᠲᠡᠭᠡᠵᠦ ᠯᠠᠪᠰᠢᠷᠠᠭᠤᠯᠤᠨ ᠪᠣᠳᠣᠬᠤ ᠪᠦᠷᠢ ᠡᠬᠢᠯᠡᠭᠡᠳ ᠠᠭᠤᠷ ᠬᠢᠯᠢᠩ ᠨᠢ ᠪᠠᠳᠠᠷᠠᠵᠤ ᠳᠠᠷᠠᠭ᠎ᠠ ᠨᠢ ᠳᠤᠷ᠎ᠠ ᠬᠦᠰᠡᠯ ᠨᠢ ᠶᠡᠬᠡ ᠪᠡᠷ ᠣᠷᠭᠢᠯᠪᠠ᠃ᠪᠥᠷᠲᠡ ᠥᠪᠡᠷ ᠦ᠋ᠨ ᠬᠡᠨ ᠪᠣᠯᠬᠤ ᠶ᠋ᠢ ᠲᠡᠮᠦᠵᠢᠨ ᠳ᠋ᠦ᠍ ᠪᠠᠰᠠ ᠲᠡᠷᠡ ᠲᠠᠲ᠋ᠠᠷ ᠡᠮ᠎ᠡ ᠳ᠋ᠦ᠍ ᠦᠵᠡᠭᠦᠯᠬᠦ ᠶ᠋ᠢ ᠲᠤᠢᠯ ᠢ᠋ᠶ᠋ᠠᠷ ᠬᠣᠷᠣᠰᠤᠨ ᠬᠦᠰᠡᠵᠦ ᠪᠠᠢᠪᠠ᠃
— ᠲᠡᠮᠦᠵᠢᠨ᠃ᠴᠢ ᠲᠡᠷᠡ ᠲᠠᠲ᠋ᠠᠷ ᠡᠮ᠎ᠡ ᠪᠡᠨ ᠠᠪᠴᠢᠷᠠ᠃ᠨᠢᠭᠡᠨᠲᠡ ᠴᠢᠨᠦ ᠠᠪᠠᠯᠢ ᠡᠮ᠎ᠡ ᠪᠣᠯᠬᠤ ᠲᠤᠯᠠ ᠭᠤᠷᠪᠠᠭᠤᠯᠠ ᠬᠠᠮᠲᠤ ᠢᠨᠠᠭᠯᠠᠶ᠎ᠠ᠃
ᠪᠥᠷᠲᠡ ᠶ᠋ᠢᠨ ᠠᠲᠠᠭᠠᠷᠬᠠᠭᠰᠠᠨ᠂ ᠠᠭᠤᠷᠯᠠᠵᠤ ᠬᠣᠷᠣᠰᠤᠭᠰᠠᠨ ᠰᠡᠳᠬᠢᠯ ᠦ᠋ᠨ ᠤᠭ ᠡᠴᠡ ᠭᠠᠷᠤᠭᠰᠠᠨ ᠡᠨᠡ ᠦᠭᠡ ᠲᠡᠮᠦᠵᠢᠨ ᠳ᠋ᠦ᠍ ᠲᠤᠢᠯ ᠤ᠋ᠨ ᠲᠠᠭᠠᠯᠠᠭᠳᠠᠭᠰᠠᠨ ᠴᠤ᠌ ᠲᠡᠷᠡ ᠳᠣᠣᠷ᠎ᠠ ᠪᠠᠨ ᠪᠣᠰᠤᠨ ᠬᠠᠷᠠᠢᠬᠤ ᠨᠢ ᠳᠡᠩᠳᠡᠭᠦᠦ ᠭᠡᠨᠡᠨ ᠬᠡᠷᠡᠭ ᠪᠠᠢᠯ᠎ᠠ᠃ᠪᠥᠷᠲᠡ ᠰᠦᠷᠡᠬᠡᠢ ᠤᠬᠠᠭᠠᠨ ᠲᠠᠢ᠂ ᠬᠣᠯᠠ ᠶ᠋ᠢᠨ ᠪᠣᠳᠣᠯ ᠲᠠᠢ ᠬᠥᠮᠦᠨ ᠪᠣᠯᠬᠣᠷ ᠲᠡᠭᠦᠨ ᠦ᠌ ᠠᠷᠭ᠎ᠠ ᠵᠠᠯᠢᠨ ᠳ᠋ᠤ᠌ ᠤᠨᠠᠴᠢᠬᠠᠬᠤ ᠦᠭᠡᠢ ᠶ᠋ᠢᠨ ᠲᠤᠯᠠᠳᠠ ᠬᠠᠰᠢᠷᠯᠠᠨ ᠳᠠᠭᠤ ᠦᠭᠡᠢ ᠪᠠᠢᠯ᠎ᠠ᠃ᠬᠡᠷᠪᠡ ᠲᠡᠭᠡᠳᠡᠭ ᠶᠤᠮ ᠭᠡᠬᠦ ᠳ᠋ᠦ᠍ ᠪᠦᠷ ᠰᠠᠢᠲᠤᠷ ᠭᠤᠶᠤᠯᠭᠠᠬᠤ ᠨᠢ ᠵᠥᠪ ᠭᠡᠵᠦ ᠲᠣᠭᠠᠴᠢᠵᠠᠢ᠃ᠪᠥᠷᠲᠡ ᠳᠤᠷ᠎ᠠ ᠬᠦᠰᠡᠯ ᠢ᠋ᠶ᠋ᠡᠨ ᠲᠡᠪᠴᠢᠵᠦ ᠳᠡᠢᠯᠬᠦ ᠦᠭᠡᠢ ᠦᠭᠡᠯᠡᠵᠦ᠂ ᠳᠡᠭᠡᠷᠡᠬᠢ ᠬᠡᠷᠡᠭ ᠢ᠋ ᠱᠠᠭᠠᠷᠳᠠᠭᠰᠠᠭᠠᠷ ᠠᠵᠢ᠃ᠨᠢᠭᠡᠨᠲᠡ ᠪᠥᠷᠲᠡ ᠶᠢᠰᠦᠬᠡᠨ ᠬᠣᠶᠠᠷ ᠠᠳᠠᠯᠢᠬᠠᠨ ᠲᠡᠭᠦᠨ ᠦ᠌ ᠠᠪᠠᠯᠢ ᠡᠮᠡᠰ ᠪᠣᠯᠬᠤ ᠲᠤᠯᠠ ᠪᠥᠷᠲᠡ ᠶ᠋ᠢᠨ ᠬᠡᠯᠡᠭᠰᠡᠨ ᠢ᠋ᠶ᠋ᠡᠷ ᠬᠢᠬᠦ ᠨᠢ ᠶᠡᠷᠦ ᠪᠣᠯᠬᠤ ᠦᠭᠡᠢ ᠶᠠᠭᠤᠮ᠎ᠠ ᠦᠭᠡᠢ ᠮᠡᠲᠦ ᠰᠠᠨᠠᠭᠳᠠᠪᠠᠴᠤ ᠲᠡᠪᠴᠢᠨ ᠦᠭᠡ ᠳᠤᠤᠭᠠᠷᠬᠤ ᠦᠭᠡᠢ ᠲᠠᠭ ᠴᠢᠭ ᠬᠡᠪᠲᠡᠭᠰᠡᠭᠡᠷ ᠪᠠᠢᠪᠠ᠃ᠲᠡᠮᠦᠵᠢᠨ ᠮᠠᠭᠤ ᠰᠠᠨᠠᠭᠠᠯᠠᠨ ᠰᠢᠭᠤᠳ ᠵᠥᠪᠰᠢᠶᠡᠷᠡᠨ ᠳᠡᠮᠵᠢᠭᠰᠡᠨ ᠦᠭᠡᠢ᠃
— ᠴᠢ ᠵᠠᠯᠠᠭᠤ ᠡᠮ᠎ᠡ ᠶ᠋ᠢ ᠦᠵᠡᠮᠡᠭᠴᠡ ᠬᠦᠰᠡᠯ ᠴᠢᠨᠢ ᠪᠠᠳᠠᠷᠠᠨ᠎ᠠ᠂ ᠳᠠᠭᠤᠳᠠ! ᠭᠡᠵᠦ ᠪᠥᠷᠲᠡ ᠰᠢᠪᠡᠨᠡᠨ᠎ᠡ᠃
ᠪᠦᠬᠦ ᠶᠠᠭᠤᠮ᠎ᠠ ᠦᠨᠡᠬᠡᠷ ᠪᠥᠷᠲᠡ ᠶ᠋ᠢᠨ ᠬᠡᠯᠡᠭᠰᠡᠨ ᠢ᠋ᠶ᠋ᠡᠷ ᠪᠣᠯᠤᠯ᠎ᠠ᠃ᠶᠢᠰᠦᠬᠡᠨ ᠦ᠌ ᠨᠢᠴᠦᠭᠦᠨ ᠪᠡᠶ᠎ᠡ᠂ ᠰᠡᠷᠡᠭᠡᠷ ᠬᠥᠬᠥ᠂ ᠰᠡᠷᠪᠡᠢᠨ ᠬᠠᠷᠠᠯᠠᠬᠤ ᠤᠮᠠᠳᠠᠭ ᠤ᠋ᠨ ᠦᠰᠦ ᠵᠡᠷᠭᠡ ᠨᠢ ᠲᠡᠮᠦᠵᠢᠨ ᠦ᠌ ᠪᠡᠶ᠎ᠡ ᠮᠠᠬᠠᠪᠣᠳ ᠢ᠋ ᠬᠥᠪᠴᠢᠷᠡᠭᠦᠯᠵᠦ᠂ ᠴᠢᠳᠠᠯ ᠳᠤᠷ᠎ᠠ ᠨᠢ ᠣᠷᠭᠢᠯᠪᠠ᠃ᠶᠢᠰᠦᠬᠡᠨ ᠠᠪᠠᠯᠢ ᠡᠷ᠎ᠡ ᠡᠮ᠎ᠡ ᠬᠣᠶᠠᠷ ᠲᠠᠢ ᠬᠠᠮᠲᠤ ᠬᠡᠪᠲᠡᠬᠦ ᠡᠴᠡ ᠥᠭᠡᠷ᠎ᠡ ᠠᠷᠭ᠎ᠠ ᠦᠭᠡᠢ ᠪᠠᠢᠪᠠ᠃ᠲᠡᠷᠡ ᠭᠠᠢᠬᠠᠰᠬᠢᠨ ᠵᠣᠭ ᠲᠤᠰᠪᠠ᠃ᠲᠥᠷᠥᠯᠬᠢ ᠲᠠᠲ᠋ᠠᠷ ᠠᠢᠮᠠᠭ ᠢ᠋ ᠨᠢ ᠳᠠᠷᠤᠵᠤ ᠬᠦᠴᠦ ᠲᠦᠷᠢᠮᠡᠬᠡᠢᠯᠡᠨ ᠠᠪᠤᠭᠰᠠᠨ ᠲᠡᠮᠦᠵᠢᠨ ᠦ᠌ ᠠᠪᠠᠯᠢ ᠡᠮ᠎ᠡ ᠪᠥᠷᠲᠡ ᠶ᠋ᠢᠨ ᠶᠠᠭᠤ ᠬᠦᠰᠡᠭᠰᠡᠨ ᠢ᠋ ᠪᠡᠶᠡᠯᠡᠭᠦᠯᠬᠦ ᠡᠴᠡ ᠥᠭᠡᠷ᠎ᠡ ᠵᠠᠮ ᠶᠢᠰᠦᠬᠡᠨ ᠳ᠋ᠦ᠍ ᠦᠭᠡᠢ ᠪᠠᠢᠪᠠ᠃ᠡᠰᠡ ᠵᠥᠪᠰᠢᠶᠡᠷᠡᠪᠡᠯ ᠲᠡᠷᠡ ᠬᠣᠷᠣᠮ ᠤ᠋ᠨ ᠳᠣᠲᠣᠷ᠎ᠠ ᠦᠬᠦᠬᠦ ᠪᠢᠯᠡ᠃ᠬᠡᠷᠪᠡ ᠲᠡᠭᠦᠨ ᠦ᠌ ᠬᠡᠯᠡᠭᠰᠡᠨ ᠢ᠋ ᠳᠤᠷ᠎ᠠ ᠦᠭᠡᠢᠴᠡᠨ ᠡᠰᠡᠷᠭᠦᠴᠡᠪᠡᠯ ᠲᠡᠷᠡ ᠲᠠᠲ᠋ᠠᠷ ᠡᠮ᠎ᠡ ᠶ᠋ᠢ ᠠᠯᠠᠬᠤ ᠶ᠋ᠢ ᠱᠠᠭᠠᠷᠳᠠᠬᠤ ᠪᠠᠷ ᠪᠥᠷᠲᠡ ᠨᠢᠭᠡᠨᠲᠡ ᠰᠢᠢᠳᠦᠭᠡᠳ ᠪᠠᠢᠵᠠᠢ᠃ᠲᠡᠭᠦᠨ ᠦ᠌ ᠬᠡᠯᠡᠭᠰᠡᠨ ᠢ᠋ ᠲᠡᠮᠦᠵᠢᠨ ᠦᠭᠡ ᠳᠠᠭᠤ ᠦᠭᠡᠢ ᠪᠡᠶᠡᠯᠡᠭᠦᠯᠦᠨ᠎ᠡ ᠭᠡᠳᠡᠭ ᠲᠦ᠍ ᠴᠦ᠍ ᠪᠠᠲᠤ ᠢᠲᠡᠭᠡᠵᠦ ᠪᠠᠢᠪᠠ᠃
— ᠪᠢ ᠪᠣᠯ ᠴᠢᠩᠭᠢᠰ ᠬᠠᠭᠠᠨ ᠤ᠋ ᠶᠡᠬᠡ ᠬᠠᠲᠤᠨ᠂ ᠴᠢᠩᠭᠢᠰ ᠬᠠᠭᠠᠨ ᠤ᠋ ᠳᠥᠷᠪᠡᠨ ᠬᠥᠪᠡᠭᠦᠨ ᠦ᠌ ᠡᠬᠡ ᠪᠥᠷᠲᠡ ᠪᠠᠢᠨ᠎ᠠ᠃ᠨᠠᠭᠠᠰᠢ ᠢᠷ᠎ᠡ᠃ᠴᠢ ᠣᠳᠣ ᠨᠠᠳᠠᠳᠤ ᠶᠠᠭᠤ ᠴᠢᠳᠠᠳᠠᠭ ᠢ᠋ᠶ᠋ᠠᠨ ᠦᠵᠡᠭᠦᠯ᠃ᠡᠰᠡ ᠲᠡᠭᠡᠪᠡᠯ ᠴᠢᠩᠭᠢᠰ ᠬᠠᠭᠠᠨ ᠴᠢᠮᠠᠶ᠋ᠢ ᠥᠷᠥᠰᠢᠶᠡᠬᠦ ᠦᠭᠡᠢ ᠴᠠᠭᠠᠵᠠᠯᠠᠬᠤ ᠪᠣᠯᠤᠨ᠎ᠠ᠃ᠴᠢ ᠢᠩᠭᠢᠬᠦ ᠶ᠋ᠢ ᠬᠦᠰᠡᠵᠦ ᠴᠢᠩᠭᠢᠰ ᠬᠠᠭᠠᠨ ᠳ᠋ᠤ᠌ ᠢᠷᠡᠭᠰᠡᠨ ᠪᠢᠰᠢ ᠤᠤ? ᠭᠡᠵᠦ ᠱᠠᠯᠳᠠᠩ ᠬᠡᠪᠲᠡᠬᠦ ᠪᠥᠷᠲᠡ ᠶ᠋ᠢᠨ ᠬᠡᠯᠡᠬᠦ ᠳ᠋ᠦ᠍ ᠶᠢᠰᠦᠬᠡᠨ ᠡᠷᠡᠭᠡᠯᠵᠡᠭᠰᠡᠨ ᠬᠡᠪ ᠢ᠋ᠶ᠋ᠡᠷ ᠵᠣᠭᠰᠣᠭᠰᠠᠭᠠᠷ ᠪᠠᠢᠯ᠎ᠠ᠃ᠨᠢᠭᠡᠨᠲᠡ ᠪᠡᠶ᠎ᠡ ᠮᠠᠬᠠᠪᠣᠳ ᠨᠢ ᠬᠥᠪᠴᠢᠷᠡᠭᠰᠡᠨ ᠲᠡᠮᠦᠵᠢᠨ ᠪᠥᠷᠲᠡ ᠶ᠋ᠢᠨ ᠱᠠᠭᠠᠷᠳᠠᠭᠰᠠᠨ ᠢ᠋ᠶ᠋ᠠᠷ ᠶᠡᠬᠡ ᠬᠠᠲᠤᠨ ᠢ᠋ᠶ᠋ᠠᠨ ᠶᠢᠰᠦᠬᠡᠨ ᠢ᠋ ᠬᠠᠷᠠᠵᠤ ᠪᠠᠢᠬᠤ ᠳ᠋ᠤ᠌ ᠡᠳ᠋ᠯᠡᠵᠦ ᠡᠬᠢᠯᠡᠪᠡ᠃ᠪᠥᠷᠲᠡ ᠶ᠋ᠢᠨ ᠡᠷᠡᠭᠡ ᠴᠡᠭᠡᠷ ᠦᠭᠡᠢ ᠰᠢᠨᠤᠯ ᠲᠠᠴᠢᠶᠠᠯ ᠢ᠋ ᠡᠰᠡᠷᠭᠦᠴᠡᠬᠦ ᠴᠢᠳᠠᠯ ᠲᠡᠮᠦᠵᠢᠨ ᠳ᠋ᠦ᠍ ᠪᠠᠢᠭᠰᠠᠨ ᠦᠭᠡᠢ᠃ᠲᠡᠷᠡ ᠮᠥᠴᠡ ᠳ᠋ᠦ᠍ ᠲᠡᠮᠦᠵᠢᠨ ᠪᠥᠷᠲᠡ ᠡᠴᠡ ᠦᠨᠡᠬᠡᠷ ᠠᠶᠤᠵᠤ᠂ ᠠᠯᠠ ᠭᠡᠰᠡᠨ ᠪᠣᠯ ᠶᠢᠰᠦᠬᠡᠨ ᠢ᠋ ᠴᠦ᠍ ᠡᠷᠡᠭᠡᠯᠵᠡᠬᠦ ᠦᠭᠡᠢ ᠠᠯᠠᠬᠤ ᠳ᠋ᠤ᠌ ᠪᠡᠯᠡᠨ ᠪᠠᠢᠪᠠ᠃ᠭᠡᠲᠡᠯ᠎ᠡ ᠪᠥᠷᠲᠡ ᠬᠥᠮᠦᠨ ᠰᠠᠨᠠᠬᠤ ᠶ᠋ᠢᠨ ᠡᠷᠬᠡ ᠦᠭᠡᠢ ᠵᠠᠮ ᠰᠣᠩᠭᠣᠨ ᠠᠪᠴᠠᠢ᠃ᠢᠩᠭᠢᠵᠦ ᠪᠥᠷᠲᠡ ᠲᠡᠮᠦᠵᠢᠨ ᠡᠴᠡ᠂ ᠶᠢᠰᠦᠬᠡᠨ ᠡᠴᠡ ᠥᠰᠢᠶ᠎ᠡ ᠪᠡᠨ ᠠᠪᠴᠤ ᠪᠠᠢᠨ᠎ᠠ ᠭᠡᠵᠦ ᠥᠪᠡᠷ ᠢ᠋ ᠪᠡᠨ ᠲᠠᠢᠪᠤᠰᠢᠷᠠᠭᠤᠯᠵᠠᠢ᠃ᠬᠥᠨᠳᠡᠯᠡᠨ ᠡᠴᠡ ᠬᠥᠮᠦᠨ ᠬᠠᠷᠠᠵᠤ ᠪᠠᠢᠬᠤ ᠨᠢ ᠲᠤᠢᠯ ᠤ᠋ᠨ ᠬᠤᠷᠴᠠ ᠮᠡᠳᠡᠷᠡᠮᠵᠢ᠂ ᠰᠡᠷᠡᠮᠵᠢ ᠲᠥᠷᠥᠭᠦᠯᠳᠡᠭ ᠢ᠋ ᠲᠡᠮᠦᠵᠢᠨ ᠴᠦ᠍᠂ ᠪᠥᠷᠲᠡ ᠴᠦ᠍᠂ ᠶᠢᠰᠦᠬᠡᠨ  ᠴᠦ᠍ ᠮᠡᠳᠡᠷᠡᠯ᠎ᠡ᠃ᠡᠨᠡ ᠪᠣᠯ ᠲᠡᠳᠡᠨ ᠦ᠌ ᠬᠤᠪᠢ ᠳ᠋ᠤ᠌ ᠴᠤ᠌ ᠰᠢᠨ᠎ᠡ ᠮᠡᠳᠡᠷᠡᠮᠵᠢ ᠪᠠᠢᠯ᠎ᠠ᠃
ᠪᠥᠷᠲᠡ ᠡᠢᠨ ᠵᠣᠪᠠᠬᠤ ᠶᠠᠭᠤᠮ᠎ᠠ ᠦᠭᠡᠢ ᠭᠢᠩᠰᠢᠵᠦ᠂ ᠤᠷᠢᠳ ᠦᠵᠡᠭᠡ ᠦᠭᠡᠢ ᠲᠠᠭᠠᠯᠠᠮᠵᠢᠲᠠᠢ ᠪᠠᠷ ᠬᠥᠳᠡᠯᠦᠨ᠎ᠡ᠃ᠲᠡᠷᠡ ᠬᠡᠵᠢᠶ᠎ᠡ ᠴᠦ᠍ ᠡᠢᠮᠦ ᠳᠤᠷ᠎ᠠ ᠲᠠᠴᠢᠶᠠᠯ ᠲᠠᠢ ᠪᠠᠢᠭᠰᠠᠨ ᠦᠭᠡᠢ᠃ᠶᠢᠰᠦᠬᠡᠨ ᠲᠡᠪᠴᠢᠯ ᠦᠭᠡᠢ ᠣᠢᠷᠠᠲᠤᠭᠰᠠᠭᠠᠷ ᠲᠡᠳᠡᠨ ᠦ᠌ ᠨᠢᠴᠦᠭᠦᠨ ᠪᠡᠶ᠎ᠡ ᠳ᠋ᠦ᠍ ᠬᠦᠷᠦᠯ᠎ᠡ᠃ᠣᠳᠣ ᠲᠡᠭᠦᠨ ᠦ᠌ ᠳᠤᠷ᠎ᠠ ᠬᠦᠰᠡᠯ ᠪᠠᠰᠠ ᠲᠡᠰᠬᠡᠯ ᠦᠭᠡᠢ ᠶᠡᠬᠡ ᠣᠷᠭᠢᠯᠵᠠᠢ᠃ᠳᠤᠷ᠎ᠠ ᠬᠦᠰᠡᠯ ᠨᠢ ᠦᠬᠦᠯ ᠦ᠋ᠨ ᠲᠤᠬᠠᠢ ᠪᠣᠳᠣᠯ ᠠᠢᠳᠠᠰ ᠢ᠋ ᠳᠠᠪᠠᠨ ᠭᠠᠷᠬᠤ ᠶ᠋ᠢ ᠶᠢᠰᠦᠬᠡᠨ ᠮᠡᠳᠡᠷᠡᠪᠡ᠃ᠳᠤᠷ᠎ᠠ ᠨᠢ ᠬᠠᠨᠵᠤ ᠤᠬᠠᠭᠠᠨ ᠦᠭᠡᠢ ᠭᠤᠯᠳᠤᠢᠨ ᠤᠨᠠᠭᠰᠠᠨ ᠪᠥᠷᠲᠡ ᠶ᠋ᠢᠨ ᠨᠣᠢᠲᠠᠨ ᠪᠡᠶ᠎ᠡ ᠶ᠋ᠢ ᠣᠷᠬᠢᠵᠤ᠂ ᠲᠡᠮᠦᠵᠢᠨ ᠶᠢᠰᠦᠬᠡᠨ ᠦ᠌ ᠴᠢᠩᠭ᠎ᠠ ᠬᠠᠯᠠᠭᠤᠨ ᠪᠡᠶ᠎ᠡ ᠶ᠋ᠢ ᠬᠠᠮᠤᠨ ᠳᠣᠣᠷ᠎ᠠ ᠪᠠᠨ ᠬᠢᠯ᠎ᠡ᠃ᠤᠳᠠᠯ ᠦᠭᠡᠢ ᠤᠬᠠᠭᠠᠨ ᠣᠷᠣᠵᠤ ᠰᠡᠷᠭᠦᠭᠰᠡᠨ ᠪᠥᠷᠲᠡ ᠲᠡᠳᠡᠨ ᠦ᠌ ᠢᠨᠠᠭᠯᠠᠬᠤ ᠶ᠋ᠢ ᠭᠠᠷ ᠪᠡᠶ᠎ᠡ ᠪᠡᠷ ᠢ᠋ᠶ᠋ᠡᠨ ᠮᠡᠳᠡᠷᠡᠵᠦ ᠪᠠᠢᠪᠠ᠃ᠡᠷ᠎ᠡ ᠨᠢ ᠥᠭᠡᠷ᠎ᠡ ᠡᠮ᠎ᠡ ᠲᠡᠢ ᠪᠣᠯᠤᠭᠰᠠᠨ ᠳ᠋ᠤ᠌ ᠡᠨᠡ ᠤᠳᠠᠭ᠎ᠠ ᠬᠠᠷᠢᠨ ᠪᠥᠷᠲᠡ ᠬᠠᠷᠠᠮᠰᠠᠭᠰᠠᠨ ᠦᠭᠡᠢ᠃ᠬᠠᠷᠢᠨ ᠲᠡᠮᠦᠵᠢᠨ ᠳ᠋ᠦ᠍ ᠶᠠᠭᠤ ᠴᠤ᠌ ᠭᠡᠰᠡᠨ ᠠᠶᠤᠮᠰᠢᠭᠲᠠᠢ ᠪᠢᠰᠢ ᠭᠡᠰᠡᠨ ᠢᠲᠡᠭᠡᠯ ᠣᠷᠭᠢᠯᠵᠤ ᠪᠠᠢᠪᠠ᠃ᠪᠥᠷᠲᠡ ᠬᠢᠵᠠᠭᠠᠷ ᠦᠭᠡᠢ ᠢᠲᠡᠭᠡᠭᠰᠡᠨ ᠳ᠋ᠡᠭᠡᠨ ᠡᠢᠮᠦ ᠢᠲᠡᠭᠡᠮ᠎ᠡ ᠦᠭᠡᠢ ᠠᠭᠠᠰᠢ ᠭᠠᠷᠭᠠᠵᠤ ᠪᠠᠢᠬᠤ ᠶ᠋ᠢ ᠲᠡᠮᠦᠵᠢᠨ ᠭᠡᠨᠡᠳᠲᠡ ᠤᠬᠠᠭᠠᠷᠠᠵᠠᠢ᠃ᠶᠠᠳᠠᠷᠠᠵᠤ ᠴᠤᠴᠠᠭᠰᠠᠨ ᠴᠤ᠌ ᠠᠵᠠ ᠵᠢᠷᠭᠠᠯ ᠲᠠᠢ ᠪᠣᠯᠤᠭᠰᠠᠨ ᠲᠡᠮᠦᠵᠢᠨ ᠬᠣᠶᠠᠷ ᠡᠮ᠎ᠡ ᠶ᠋ᠢᠨ ᠢ᠋ᠶ᠋ᠡᠨ ᠳᠤᠮᠳᠠᠭᠤᠷ ᠦᠬᠦᠭᠰᠡᠨ ᠮᠡᠲᠦ ᠤᠨᠲᠠᠵᠠᠢ᠃ᠬᠠᠷᠢᠨ ᠪᠥᠷᠲᠡ ᠨᠣᠢᠷ ᠬᠤᠯᠵᠢᠭᠠᠨ ᠬᠣᠨᠣᠵᠠᠢ᠃ᠶᠢᠰᠦᠬᠡᠨ ᠠᠮᠢᠰᠬᠤᠭ᠎ᠠ ᠴᠢᠩᠭ᠎ᠠ ᠠᠪᠬᠤ ᠡᠴᠡ ᠠᠶᠤᠵᠤ ᠬᠥᠳᠡᠯᠵᠦ ᠴᠢᠳᠠᠬᠤ ᠦᠭᠡᠢ ᠦᠷ ᠴᠠᠢᠯᠭᠠᠪᠠ᠃
ᠡᠨᠡ ᠡᠳᠦᠷ ᠡᠴᠡ ᠬᠣᠢᠰᠢ ᠲᠡᠮᠦᠵᠢᠨ ᠢ᠋《ᠴᠢᠩᠭᠢᠰ ᠬᠠᠭᠠᠨ》 ᠭᠡᠵᠦ ᠡᠷᠭᠦᠮᠵᠢᠯᠡᠬᠦ ᠶᠣᠰᠣᠲᠠᠢ ᠭᠡᠵᠦ ᠲᠡᠷᠡ ᠰᠥᠨᠢ ᠪᠥᠷᠲᠡ ᠬᠠᠲᠠᠭᠤ ᠰᠢᠢᠳᠴᠡᠢ᠃ᠣᠳᠣ ᠡᠷ᠎ᠡ ᠨᠥᠬᠥᠷ ᠲᠡᠮᠦᠵᠢᠨ ᠨᠢ ᠭᠠᠭᠴᠠ ᠲᠡᠭᠦᠨ ᠳ᠋ᠦ᠍ ᠬᠠᠮᠢᠶᠠᠲᠠᠢ ᠬᠥᠮᠦᠨ ᠪᠢᠰᠢ ᠪᠣᠯᠤᠭᠰᠠᠨ ᠢ᠋ ᠪᠥᠷᠲᠡ ᠵᠢᠷᠦᠬᠡ ᠪᠡᠨ ᠰᠢᠮᠰᠢᠷᠡᠭᠦᠯᠦᠨ ᠮᠡᠳᠡᠷᠡᠵᠦ ᠪᠠᠢᠯ᠎ᠠ᠃ᠲᠡᠮᠦᠵᠢᠨ ᠭᠡᠳᠡᠭ ᠬᠥᠮᠦᠨ ᠨᠢᠭᠡᠨᠲᠡ ᠦᠭᠡᠢ ᠪᠣᠯᠤᠭᠠᠳ ᠲᠡᠭᠦᠨ ᠦ᠌ ᠣᠷᠣᠨ ᠳ᠋ᠤ᠌《 ᠴᠢᠩᠭᠢᠰ ᠬᠠᠭᠠᠨ》 ᠭᠡᠳᠡᠭ ᠬᠡᠮᠵᠢᠶ᠎ᠡ ᠦᠭᠡᠢ ᠡᠷᠬᠡᠲᠦ ᠡᠵᠡᠨ ᠪᠣᠢ ᠪᠣᠯᠤᠭᠰᠠᠨ ᠢ᠋ ᠣᠢᠯᠠᠭᠠᠪᠠ᠃ᠪᠦᠷ ᠮᠣᠩᠭᠣᠯ ᠤ᠋ᠨ ᠲᠠᠯ᠎ᠠ ᠬᠠᠩᠭᠠᠢ ᠨᠤᠲᠤᠭ ᠲᠤ᠌ ᠬᠡᠵᠢᠶ᠎ᠡ ᠴᠦ᠍ ᠪᠠᠢᠭ᠎ᠠ ᠦᠭᠡᠢ ᠲᠡᠢᠮᠦ ᠠᠭᠤᠤ ᠶᠡᠬᠡ ᠬᠠᠭᠠᠨ ᠪᠠᠢᠭᠠᠰᠠᠢ ᠭᠡᠵᠦ ᠪᠥᠷᠲᠡ ᠴᠢᠩ ᠰᠡᠳᠬᠢᠯ ᠡᠴᠡ ᠬᠦᠰᠡᠵᠡᠢ᠃ᠲᠡᠮᠦᠵᠢᠨ ᠢ᠋ ᠶᠡᠬᠡ ᠬᠠᠭᠠᠨ ᠪᠣᠯᠭᠠᠬᠤ ᠶ᠋ᠢᠨ ᠲᠤᠯᠠᠳᠠ ᠪᠥᠷᠲᠡ ᠶᠠᠭᠤ ᠪᠠᠨ ᠴᠤ᠌ ᠬᠠᠢᠷᠠᠯᠠᠬᠤ ᠦᠭᠡᠢ ᠵᠢᠳᠬᠦᠵᠦ ᠢᠷᠡᠭᠰᠡᠨ ᠢ᠋ᠶ᠋ᠡᠨ ᠰᠠᠶᠢ ᠯᠠ ᠮᠡᠳᠡᠵᠡᠢ᠃ᠴᠣᠬᠣᠮ ᠶᠠᠭᠤᠨ ᠤ᠋ ᠤᠴᠢᠷ ᠡᠴᠡ ᠲᠡᠮᠦᠵᠢᠨ ᠢ᠋ ᠦᠷᠦ ᠡᠪᠡᠳᠦᠨ ᠬᠠᠢᠷᠠᠯᠠᠵᠤ᠂ ᠪᠠᠰᠠ ᠬᠢᠵᠠᠭᠠᠷ ᠦᠭᠡᠢ ᠶᠡᠬᠡ ᠪᠡᠷ ᠵᠣᠪᠠᠵᠤ ᠲᠠᠷᠴᠢᠯᠠᠭᠰᠠᠨ ᠢ᠋ᠶ᠋ᠠᠨ ᠤᠬᠠᠭᠠᠷᠠᠵᠤ ᠲᠥᠷᠥᠯ ᠠᠷᠠᠯᠵᠢᠬᠤ ᠰᠢᠭ᠋ ᠪᠣᠯᠵᠠᠢ᠃ᠴᠢᠩᠭᠢᠰ ᠬᠠᠭᠠᠨ ᠤ᠋ ᠶᠡᠬᠡ ᠬᠠᠲᠤᠨ ᠪᠠᠢᠨ᠎ᠠ ᠭᠡᠳᠡᠭ ᠶᠠᠮᠠᠷᠬᠠᠨ ᠪᠠᠬᠠᠷᠠᠯᠲᠠᠢ᠂ ᠰᠢᠨᠠᠯᠭᠠᠨ ᠲᠠᠢ ᠬᠤᠪᠢ ᠲᠠᠪᠢᠯᠠᠩ ᠪᠣᠯᠬᠤ ᠶ᠋ᠢ ᠪᠥᠷᠲᠡ ᠤᠬᠠᠭᠠᠷᠠᠵᠤ ᠪᠠᠢᠪᠠ᠃
ᠲᠡᠮᠦᠵᠢᠨ ᠥᠷᠯᠥᠭᠡ ᠨᠢ ᠪᠥᠷᠲᠡ ᠶᠢᠰᠦᠬᠡᠨ ᠬᠣᠶᠠᠷ ᠤ᠋ᠨ ᠬᠠᠮᠲᠤ ᠲᠠᠲ᠋ᠠᠷ ᠤ᠋ᠨ ᠮᠡᠭᠦᠵᠢᠨ ᠰᠡᠭᠦᠯᠲᠦ ᠶ᠋ᠢᠨ ᠠᠯᠲᠠᠨ ᠪᠠᠭᠠᠨ᠎ᠠ ᠲᠠᠢ ᠭᠡᠷ ᠲᠦ᠍ ᠴᠡᠢᠯᠡᠵᠡᠢ᠃ᠶᠢᠰᠦᠬᠡᠨ ᠢ᠋ ᠭᠡᠷ ᠡᠴᠡ ᠭᠠᠷᠤᠭᠰᠠᠨ ᠤ᠋ ᠬᠣᠢᠨ᠎ᠠ ᠢᠷᠡᠭᠰᠡᠨ ᠬᠡᠷᠡᠭ ᠦ᠋ᠨ ᠢ᠋ᠶ᠋ᠡᠨ ᠤᠴᠢᠷ ᠢ᠋ ᠪᠥᠷᠲᠡ ᠬᠡᠯᠡᠪᠡ᠃ᠵᠥᠴᠢ ᠴᠠᠭᠠᠲᠠᠢ ᠬᠣᠶᠠᠷ ᠤ᠋ᠨ ᠬᠣᠭᠣᠷᠣᠨᠳᠣ ᠪᠣᠯᠤᠭᠰᠠᠨ ᠶᠠᠪᠤᠳᠠᠯ ᠢ᠋ ᠲᠡᠮᠦᠵᠢᠨ ᠦᠭᠡ ᠳᠠᠭᠤ ᠦᠭᠡᠢ ᠰᠠᠭᠤᠵᠤ ᠰᠣᠨᠣᠰᠪᠠ᠃
— ᠥᠭᠡᠯᠦᠨ ᠡᠵᠢ ᠮᠡᠳᠡᠭᠰᠡᠨ ᠤᠤ? ᠭᠡᠵᠦ ᠶᠠᠭᠤᠨ ᠡᠴᠡ ᠲᠦᠷᠦᠭᠦᠯᠡᠨ ᠠᠰᠠᠭᠤᠭᠰᠠᠨ ᠨᠢ ᠥᠭᠡᠯᠦᠨ ᠡᠬᠡ ᠵᠥᠴᠢ ᠶ᠋ᠢ ᠢᠯᠡᠷᠬᠡᠢ ᠥᠮᠥᠭᠯᠡᠨ ᠬᠠᠮᠠᠭᠠᠯᠠᠬᠤ ᠲᠤᠯᠠ ᠲᠡᠮᠦᠵᠢᠨ ᠢᠩᠭᠢᠵᠦ ᠪᠣᠯᠭᠣᠮᠵᠢᠯᠠᠵᠠᠢ᠃
— ᠦᠭᠡᠢ᠂ ᠪᠢ ᠬᠡᠨ ᠳ᠋ᠦ᠍ ᠴᠦ᠍ ᠪᠦᠦ ᠬᠡᠯᠡ ᠭᠡᠵᠦ ᠬᠡᠯᠡᠭᠰᠡᠨ᠃ᠪᠠᠰᠠ ᠲᠠ ᠨᠠᠷ ᠴᠢᠩᠭᠢᠰ ᠬᠠᠭᠠᠨ ᠡᠴᠢᠭᠡ ᠶ᠋ᠢᠨ ᠢ᠋ᠶ᠋ᠡᠨ ᠨᠡᠷ᠎ᠡ ᠬᠦᠨᠳᠦ ᠶ᠋ᠢ ᠬᠠᠢᠷᠠᠯᠠᠬᠤ ᠶᠣᠰᠣᠲᠠᠢ᠃
ᠬᠠᠭᠠᠨ ᠡᠴᠢᠭᠡ ᠴᠢᠨᠢ ᠶᠠᠭᠠᠬᠢᠵᠤ ᠰᠢᠢᠳᠬᠦ ᠪᠡᠨ ᠮᠡᠳᠡᠨ᠎ᠡ ᠪᠢᠵᠡ᠃ᠪᠢ ᠪᠦᠲᠦᠨ ᠪᠡᠶ᠎ᠡ ᠪᠡᠨ ᠲᠠᠰᠤᠳᠠᠵᠤ᠂ ᠪᠦᠯᠢᠶᠡᠨ ᠴᠢᠰᠤ ᠪᠠᠨ ᠤᠷᠤᠰᠬᠠᠵᠤ ᠲᠥᠷᠥᠭᠦᠯᠦᠭᠰᠡᠨ᠃ᠲᠠ ᠨᠠᠷ ᠥᠰᠴᠦ ᠡᠷ᠎ᠡ ᠶ᠋ᠢᠨ ᠴᠡᠭᠡᠯ ᠳ᠋ᠦ᠍ ᠬᠦᠷᠪᠡ᠃ᠡᠨᠡ ᠠᠮᠢ ᠪᠡᠶ᠎ᠡ ᠶ᠋ᠢ ᠣᠳᠣ ᠴᠢᠩᠭᠢᠰ ᠬᠠᠭᠠᠨ ᠡᠴᠢᠭᠡ ᠴᠢᠨᠢ ᠮᠡᠳᠡᠭ ᠭᠡᠵᠦ ᠪᠢ ᠬᠡᠯᠡᠪᠡ ᠭᠡᠮᠡᠨ ᠪᠥᠷᠲᠡ ᠶ᠋ᠢᠨ ᠬᠡᠯᠡᠬᠦ ᠳ᠋ᠦ᠍
— ᠴᠢ ᠵᠥᠪ ᠬᠡᠯᠡᠵᠡᠢ ᠭᠡᠵᠦ ᠲᠡᠮᠦᠵᠢᠨ ᠲᠠᠭᠠᠯᠠᠮᠵᠢᠲᠠᠢ ᠮᠦᠰᠢᠶᠡᠪᠡ᠃《ᠴᠢᠩᠭᠢᠰ ᠬᠠᠭᠠᠨ》 ᠭᠡᠵᠦ ᠪᠥᠷᠲᠡ ᠶ᠋ᠢᠨ ᠬᠡᠯᠡᠭᠰᠡᠨ ᠨᠢ ᠠᠩᠬ᠎ᠠ ᠤᠳᠠᠭ᠎ᠠ ᠰᠡᠳᠬᠢᠯ ᠳ᠋ᠦ᠍ᠨᠢ ᠨᠡᠢᠴᠡᠲᠡᠢ᠂ ᠪᠦᠷ ᠣᠮᠣᠭ ᠪᠠᠬᠠᠷᠬᠠᠯ ᠳᠦᠭᠦᠷᠡᠩ ᠰᠣᠨᠣᠰᠳᠠᠪᠠ᠃ᠡᠷᠲᠡᠨ ᠦ᠌ ᠥᠰᠲᠦ ᠲᠠᠲ᠋ᠠᠷ ᠤ᠋ᠨ ᠮᠡᠭᠦᠵᠢᠨ ᠰᠡᠭᠦᠯᠲᠦ ᠶ᠋ᠢᠨ ᠴᠡᠷᠢᠭ ᠢ᠋ ᠳᠠᠷᠤᠭᠰᠠᠨ ᠢᠯᠠᠯᠲᠠ ᠶ᠋ᠢᠨ ᠳᠠᠷᠠᠭ᠎ᠠ《ᠴᠢᠩᠭᠢᠰ ᠬᠠᠭᠠᠨ》 ᠭᠡᠵᠦ ᠡᠷᠭᠦᠮᠵᠢᠯᠡᠬᠦ ᠨᠢ ᠦᠨᠡᠬᠡᠷ ᠵᠣᠬᠢᠵᠤ ᠪᠠᠢᠬᠤ ᠰᠢᠭ᠋ ᠰᠠᠨᠠᠭᠳᠠᠪᠠ᠃
— ᠪᠥᠷᠲᠡ ᠴᠢ ᠡᠭᠦᠨ ᠡᠴᠡ ᠬᠣᠢᠰᠢ ᠬᠥᠮᠦᠨ ᠦ᠌ ᠳᠡᠷᠭᠡᠳᠡ ᠨᠠᠮᠠᠶ᠋ᠢ ᠵᠥᠪᠬᠡᠨ《ᠴᠢᠩᠭᠢᠰ ᠬᠠᠭᠠᠨ》 ᠭᠡᠵᠦ ᠨᠡᠷᠡᠯᠡᠵᠦ ᠪᠠᠢ᠃ᠪᠠᠰᠠ ᠳᠡᠭᠦᠦ ᠨᠠᠷ᠂ ᠪᠤᠭᠤᠷᠴᠢ᠂ ᠵᠡᠯᠮ᠎ᠡ ᠨᠠᠷ ᠲᠤ᠌ ᠴᠤ᠌ ᠲᠡᠭᠡᠵᠦ ᠰᠤᠷᠭ᠎ᠠ᠃ᠪᠢ ᠥᠪᠡᠷ ᠢ᠋ ᠪᠡᠨ ᠡᠷᠭᠦᠮᠵᠢᠯᠡᠬᠦ ᠶ᠋ᠢ ᠶᠠᠭᠠᠬᠢᠵᠤ ᠪᠤᠰᠤᠳ ᠲᠤ᠌ ᠵᠢᠭᠠᠨ᠎ᠠ᠃ᠴᠢ ᠯᠡ ᠬᠢᠴᠢᠶᠡ᠂ ᠶᠠᠭᠠᠬᠢᠵᠤ ᠬᠡᠯᠡᠬᠦ ᠶ᠋ᠢ᠂ ᠶᠠᠭᠤ ᠬᠢᠬᠦ ᠶ᠋ᠢ ᠴᠢ ᠮᠡᠳᠡ᠃ᠪᠢ ᠡᠨᠡ ᠲᠤᠬᠠᠢ ᠳᠠᠪ ᠲᠩᠷᠢ ᠪᠥᠬᠡ ᠲᠡᠢ ᠶᠠᠷᠢᠯᠴᠠᠨ᠎ᠠ᠃
ᠡᠨᠡ ᠪᠣᠯ ᠪᠥᠷᠲᠡ ᠶ᠋ᠢ ᠬᠡᠷᠬᠢᠨ ᠳᠣᠲᠣᠨᠣ ᠪᠠᠷ ᠴᠢᠬᠤᠯᠠᠴᠢᠯᠠᠨ ᠦᠵᠡᠵᠦ ᠪᠣᠢ ᠪᠠᠨ ᠰᠢᠭᠤᠳ ᠢᠯᠡᠷᠬᠡᠢᠯᠡᠭᠰᠡᠨ ᠬᠠᠯᠠᠭᠤᠨ ᠰᠡᠳᠬᠢᠯ ᠦ᠋ᠨ ᠦᠭᠡ ᠪᠠᠢᠪᠠ᠃ᠪᠠᠰᠠ ᠨᠢᠭᠡ ᠭᠡᠷ ᠦ᠋ᠨ ᠡᠷ᠎ᠡ᠂ ᠡᠮ᠎ᠡ ᠬᠣᠶᠠᠷ ᠠᠳᠠᠯᠢᠬᠠᠨ ᠵᠦᠢᠯ ᠢ᠋ ᠬᠦᠰᠡᠵᠦ᠂ ᠲᠡᠮᠡᠴᠡᠵᠦ ᠶᠠᠪᠤᠳᠠᠭ ᠢ᠋ ᠲᠡᠳᠡᠨ ᠳ᠋ᠦ᠍ ᠣᠢᠯᠠᠭᠠᠭᠤᠯᠵᠠᠢ᠃ᠭᠠᠭᠴᠠ ᠡᠷ᠎ᠡ ᠵᠣᠷᠢᠭ᠂ ᠴᠥᠭᠡᠨ ᠲᠣᠭᠠᠨ ᠤ᠋ ᠢᠯᠠᠯᠲᠠ᠂ ᠪᠠᠭᠠᠬᠠᠨ ᠣᠯᠵᠠ ᠣᠮᠣᠭ《ᠴᠢᠩᠭᠢᠰ ᠬᠠᠭᠠᠨ》 ᠬᠡᠮᠡᠬᠦ ᠨᠡᠷ᠎ᠡ ᠠᠯᠳᠠᠷ ᠢ᠋ ᠪᠣᠢ ᠪᠣᠯᠭᠠᠬᠤ ᠳ᠋ᠤ᠌ ᠬᠦᠴᠦᠨ ᠳᠤᠲᠠᠵᠤ ᠪᠠᠢᠭᠰᠠᠨ ᠪᠢᠯᠡ᠃ᠰᠠᠶᠢ ᠪᠥᠷᠲᠡ ᠶ᠋ᠢᠨ ᠬᠥᠪᠡᠭᠦᠳ ᠲᠡᠭᠡᠨ ᠬᠡᠯᠡᠭᠰᠡᠨ ᠦᠭᠡᠨ ᠡᠴᠡ ᠬᠡᠷᠬᠢᠬᠦ ᠶᠣᠰᠣᠲᠠᠢ ᠪᠠᠨ ᠲᠡᠮᠦᠵᠢᠨ ᠣᠢᠯᠠᠭᠠᠵᠠᠢ᠃ᠪᠦᠬᠦ ᠨᠥᠬᠥᠳ ᠦ᠋ᠨ ᠳᠣᠲᠣᠷ᠎ᠠ ᠡᠴᠡ ᠬᠠᠮᠤᠭ ᠤ᠋ᠨ ᠳᠣᠲᠣᠨᠣ ᠨᠥᠬᠥᠷ ᠢ᠋ᠶ᠋ᠡᠨ ᠭᠡᠵᠦ ᠪᠥᠷᠲᠡ ᠶ᠋ᠢ ᠲᠣᠭᠠᠴᠠᠳᠠᠭ ᠢ᠋ᠶ᠋ᠠᠨ ᠰᠠᠶᠢ ᠢᠯᠡᠷᠬᠡᠢᠯᠡᠪᠡ᠃ᠪᠥᠷᠲᠡ ᠴᠦ᠍ ᠡᠭᠦᠨ ᠢ᠋ ᠰᠡᠳᠬᠢᠯ ᠦ᠋ᠨ ᠤᠭ ᠲᠤ᠌ ᠰᠠᠢᠲᠤᠷ ᠤᠬᠠᠵᠤ ᠣᠢᠯᠠᠭᠠᠪᠠ᠃ᠲᠡᠳᠡ ᠨᠢᠭᠡ ᠬᠥᠮᠦᠨ ᠪᠣᠯᠵᠠᠢ᠃ᠪᠥᠷᠲᠡ ᠲᠡᠮᠦᠵᠢᠨ ᠳ᠋ᠦ᠍ ᠳᠥᠷᠪᠡᠨ ᠬᠥᠪᠡᠭᠦᠨ ᠲᠥᠷᠥᠭᠦᠯᠵᠦ ᠥᠭᠭᠦᠭᠰᠡᠨ ᠶᠤᠮ᠃ᠲᠡᠭᠡᠪᠡᠯ ᠣᠳᠣ ᠲᠡᠭᠦᠨ ᠡᠴᠡ ᠣᠭᠲᠣ ᠳᠤᠲᠠᠬᠤ ᠦᠭᠡᠢ ᠨᠢᠭᠡᠨ ᠦᠢᠯᠡ ᠶ᠋ᠢ ᠲᠡᠷᠡ ᠲᠣᠯᠣᠭᠠᠢᠯᠠᠨ ᠤᠳᠤᠷᠢᠳᠬᠤ ᠶᠣᠰᠣᠲᠠᠢ ᠪᠠᠨ ᠮᠡᠳᠡᠵᠦ ᠪᠠᠢᠪᠠ᠃ᠡᠨᠡ ᠪᠣᠯ ᠲᠡᠮᠦᠵᠢᠨ ᠦ᠌《ᠴᠢᠩᠭᠢᠰ ᠬᠠᠭᠠᠨ》 ᠠᠯᠳᠠᠷ ᠢ᠋ ᠡᠷᠭᠦᠬᠦ ᠬᠡᠷᠡᠭ ᠶᠤᠮ᠃
 ᠪᠢ ᠯᠡ ᠴᠢᠮᠠᠶ᠋ᠢ ᠶᠠᠭᠠᠬᠢᠵᠤ ᠬᠦᠨᠳᠦᠳᠬᠡᠵᠦ᠂ ᠶᠠᠭᠠᠬᠢᠵᠤ ᠶᠣᠰᠣᠯᠠᠯ ᠲᠡᠭᠦᠯᠳᠡᠷ ᠡᠷᠭᠦᠮᠵᠢᠯᠡᠵᠦ ᠴᠢᠳᠠᠨ᠎ᠠ᠂ ᠪᠦᠭᠦᠳᠡ ᠲᠡᠭᠦᠨ ᠢ᠋ ᠳᠠᠭᠠᠬᠤ ᠪᠣᠯᠤᠨ᠎ᠠ᠃ᠡᠭᠦᠨ ᠡᠴᠡ ᠬᠣᠢᠰᠢ ᠪᠢ ᠴᠢᠮᠠᠶ᠋ᠢ ᠪᠦᠭᠦᠳᠡ ᠶ᠋ᠢᠨ ᠳᠡᠷᠭᠡᠳᠡ《ᠴᠢᠩᠭᠢᠰ ᠬᠠᠭᠠᠨ》 ᠭᠡᠵᠦ ᠳᠠᠭᠤᠳᠠᠵᠤ ᠪᠠᠢᠬᠤ ᠪᠣᠯᠤᠨ᠎ᠠ᠃ᠪᠢ ᠡᠷᠭᠢᠵᠦ ᠬᠠᠷᠢᠮᠠᠭᠴᠠ ᠳᠡᠭᠦᠦ ᠨᠠᠷ᠂ ᠰᠢᠳᠠᠷ ᠨᠥᠬᠥᠳ ᠦ᠋ᠳ ᠲᠦ᠍ ᠴᠢᠨᠢ ᠶᠠᠭᠤ ᠬᠢᠬᠦ ᠶ᠋ᠢ ᠰᠠᠢᠲᠤᠷ ᠬᠡᠯᠡᠨ᠎ᠡ᠃ᠴᠢ ᠴᠦ᠍ ᠭᠡᠰᠡᠨ ᠡᠭᠦᠨ ᠡᠴᠡ ᠬᠣᠢᠰᠢ《ᠴᠢᠩᠭᠢᠰ ᠬᠠᠭᠠᠨ》 ᠮᠡᠲᠦ ᠪᠠᠢᠭᠲᠤᠨ ᠭᠡᠵᠦ ᠪᠥᠷᠲᠡ ᠬᠠᠲᠠᠭᠤ ᠬᠡᠯᠡᠯ᠎ᠡ᠃
ᠦᠨᠡᠬᠡᠷ ᠮᠠᠷᠭᠠᠰᠢ ᠡᠴᠡ ᠨᠢ ᠡᠬᠢᠯᠡᠭᠡᠳ ᠲᠡᠮᠦᠵᠢᠨ ᠦ᠌ ᠭᠡᠷ ᠦ᠋ᠨ ᠣᠢᠷ᠎ᠠ ᠣᠷᠴᠢᠮ ᠤ᠋ᠨ ᠲᠢᠭ ᠶᠣᠰᠣ ᠬᠠᠲᠠᠭᠤᠷᠠᠵᠤ ᠪᠤᠭᠤᠷᠴᠢ᠂ ᠵᠠᠯᠮ᠎ᠠ ᠬᠦᠷᠲᠡᠯ᠎ᠡ ᠳᠤᠷᠠᠲᠠᠢ ᠦᠶ᠎ᠡ ᠳ᠋ᠡᠭᠡᠨ ᠳᠠᠪᠬᠢᠵᠤ ᠣᠷᠣᠳᠠᠭ ᠬᠥᠭ ᠥᠩᠭᠡᠷᠡᠪᠡ᠃ᠲᠡᠷᠡ ᠪᠦᠷᠢ ᠳ᠋ᠦ᠍ ᠤᠭᠲᠤᠨ ᠭᠠᠷᠴᠤ ᠢᠷᠡᠬᠦ ᠪᠥᠷᠲᠡ ᠶ᠋ᠢᠨ ᠠᠮᠠᠨ ᠡᠴᠡ ᠴᠢᠩᠭᠢᠰ ᠬᠠᠭᠠᠨ ᠳ᠋ᠤ᠌ ᠪᠢ ᠠᠢᠯᠠᠳᠬᠠᠶ᠎ᠠ᠂ ᠬᠦᠯᠢᠶᠡᠭᠲᠦᠨ ᠭᠡᠰᠡᠨ ᠬᠠᠲᠠᠭᠤ ᠦᠭᠡ ᠭᠠᠷᠴᠤ ᠭᠠᠢᠬᠠᠰᠢᠷᠠᠭᠤᠯᠤᠨ᠎ᠠ᠃ᠦᠨᠡᠬᠡᠷ ᠲᠠᠲ᠋ᠠᠷ ᠢ᠋ ᠳᠠᠷᠤᠭᠰᠠᠨ ᠤ᠋ ᠬᠣᠢᠨ᠎ᠠ ᠬᠡᠰᠢᠭᠲᠡᠨ ᠴᠡᠷᠢᠭ᠂ ᠬᠡᠪᠲᠡᠭᠦᠯ ᠦ᠋ᠨ ᠲᠤᠬᠠᠢ ᠲᠡᠮᠦᠵᠢᠨ ᠵᠠᠷᠯᠢᠭ ᠪᠠᠭᠤᠯᠭᠠᠪᠠ᠃ᠪᠥᠷᠲᠡ ᠶ᠋ᠢᠨ ᠲᠢᠭᠯᠡᠭᠰᠡᠨ ᠶᠣᠰᠣ ᠤᠳᠠᠭᠠᠨ ᠴᠤ᠌ ᠭᠡᠯ᠎ᠡ ᠬᠡᠪᠰᠢᠨ ᠲᠣᠭᠲᠠᠵᠤ ᠠᠶᠠᠨᠳᠠᠭᠠᠨ ᠪᠤᠰᠤᠳ ᠨᠥᠬᠥᠳ ᠡᠴᠡ ᠢᠯᠭᠠᠷᠠᠭᠰᠠᠨ ᠶᠡᠬᠡ ᠬᠦᠨᠳᠦᠯᠡᠯ᠂ ᠶᠣᠰᠣᠯᠠᠯ ᠲᠡᠮᠦᠵᠢᠨ ᠢ᠋ ᠳᠠᠭᠠᠯᠳᠤᠬᠤ ᠪᠣᠯᠤᠯ᠎ᠠ᠃ᠬᠠᠷᠢᠨ ᠵᠥᠴᠢ ᠶ᠋ᠢᠨ ᠲᠤᠬᠠᠢ ᠪᠥᠷᠲᠡ ᠶ᠋ᠢᠨ ᠬᠡᠯᠡᠭᠰᠡᠨ ᠦᠭᠡ ᠶ᠋ᠢ ᠨᠢᠭᠡ ᠬᠡᠰᠡᠭ ᠲᠡᠭᠡᠨ ᠯᠡ ᠲᠡᠮᠦᠵᠢᠨ ᠵᠥᠪᠰᠢᠶᠡᠷᠡᠵᠦ ᠴᠢᠳᠠᠬᠤ ᠦᠭᠡᠢ ᠪᠠᠢᠨ ᠪᠠᠢᠨ ᠪᠣᠳᠣᠯ ᠳ᠋ᠤ᠌ ᠠᠪᠲᠠᠭᠰᠠᠭᠠᠷ ᠪᠠᠢᠯ᠎ᠠ᠃
— ᠵᠥᠴᠢ ᠬᠥᠪᠡᠭᠦᠨ ᠮᠢᠨᠢ ᠤᠳᠠᠬᠤ ᠦᠭᠡᠢ ᠠᠷᠪᠠᠨ ᠲᠠᠪᠤᠨ ᠨᠠᠰᠤ ᠬᠦᠷᠦᠨ᠎ᠡ᠃ᠲᠡᠭᠦᠨ ᠳ᠋ᠦ᠍ ᠴᠡᠷᠢᠭ ᠠᠬᠠᠯᠠᠭᠤᠯᠵᠤ ᠡᠷᠡᠭᠡᠯᠵᠡᠬᠦ ᠶᠠᠭᠤᠮ᠎ᠠ ᠦᠭᠡᠢ ᠪᠡᠷ ᠳᠣᠯᠣᠭᠠᠨ ᠳ᠋ᠤ᠌ ᠤᠷᠤᠭᠤᠯ᠃ᠠᠯᠢᠨ ᠪᠣᠯᠭᠠᠨ ᠴᠡᠷᠢᠭ ᠦ᠋ᠨ ᠠᠴᠢᠶ᠎ᠠ ᠬᠥᠰᠬᠡ ᠳᠠᠭᠠᠵᠤ ᠠᠷᠤ ᠳ᠋ᠤ᠌ ᠬᠣᠴᠣᠷᠴᠤ ᠶᠠᠪᠤᠬᠤ ᠪᠣᠢ? ᠪᠢ ᠲᠡᠭᠦᠨ ᠢ᠋ ᠬᠠᠮᠠᠭᠠᠯᠠᠵᠤ ᠡᠳᠦᠢ ᠬᠦᠷᠦᠯ᠎ᠡ᠃ᠣᠳᠣ ᠵᠥᠴᠢ ᠥᠪᠡᠷ ᠢ᠋ ᠪᠡᠨ ᠬᠠᠮᠠᠭᠠᠯᠠᠬᠤ ᠨᠠᠰᠤᠨ ᠳ᠋ᠤ᠌ ᠬᠦᠷᠴᠡᠢ᠃ᠴᠠᠭᠠᠲᠠᠢ ᠶ᠋ᠢᠨ ᠰᠤᠮᠤᠨ ᠳ᠋ᠤ᠌ ᠦᠬᠦᠭᠰᠡᠨ ᠡᠴᠡ ᠳᠠᠢᠰᠤᠨ ᠤ᠋ ᠰᠤᠮᠤᠨ ᠳ᠋ᠤ᠌ ᠥᠷᠲᠥᠵᠦ ᠳᠣᠯᠣᠭᠠᠨ ᠤ᠋ ᠲᠠᠯᠠᠪᠤᠷ ᠲᠤ᠌ ᠦᠬᠦᠭ᠃ᠲᠡᠭᠡᠪᠡᠯ ᠪᠢ ᠣᠭᠲᠣ ᠬᠠᠷᠠᠮᠰᠠᠬᠤ ᠦᠭᠡᠢ ᠭᠡᠵᠦ ᠪᠥᠷᠲᠡ ᠶ᠋ᠢᠨ ᠬᠡᠯᠡᠭᠰᠡᠨ ᠦᠭᠡ ᠬᠡᠳᠦᠨ ᠰᠠᠷ᠎ᠠ ᠴᠡᠭᠡᠵᠢ ᠶ᠋ᠢ ᠨᠢ ᠨᠤᠬᠤᠵᠤ ᠴᠠᠷ ᠰᠢᠭ ᠬᠣᠭᠣᠯᠠᠢ ᠳ᠋ᠤᠨᠢ ᠳᠤᠷᠪᠠ᠃ᠡᠬᠡ ᠬᠥᠮᠦᠨ ᠬᠡᠯᠡᠭᠰᠡᠨ ᠭᠡᠬᠦ ᠳ᠋ᠦ᠍ ᠳᠡᠩᠳᠡᠭᠦᠦ ᠬᠠᠲᠠᠭᠤ ᠰᠢᠷᠦᠭᠦᠨ ᠡᠨᠡ ᠦᠭᠡ《ᠴᠢ ᠳᠠᠭᠠᠭᠤᠯᠵᠤ ᠶᠠᠪᠤᠭᠠᠳ ᠬᠣᠷᠣᠭᠠᠭᠲᠤᠨ》 ᠭᠡᠰᠡᠨ ᠲᠡᠢ ᠪᠠᠷᠤᠭ ᠠᠳᠠᠯᠢ ᠰᠣᠨᠣᠰᠳᠠᠨ᠎ᠠ᠃ᠪᠥᠷᠲᠡ ᠶ᠋ᠢᠨ ᠦᠭᠡ ᠤᠭ ᠲᠠᠭᠠᠨ ᠶᠠᠭ ᠢᠩᠭᠢᠵᠦ ᠬᠡᠯᠡᠭᠰᠡᠨ ᠦᠭᠡ ᠪᠠᠢᠪᠠ᠃ᠡᠨᠡ ᠣᠭᠵᠣᠮ ᠪᠥᠭᠡᠳ ᠡᠷᠡᠰ ᠬᠠᠲᠠᠭᠤ ᠰᠢᠢᠳᠪᠦᠷᠢ ᠶ᠋ᠢᠨ ᠴᠠᠭᠠᠨ᠎ᠠ ᠨᠢᠭᠤᠭᠳᠠᠭᠰᠠᠨ ᠳᠠᠯᠳᠠ ᠠᠶᠤᠯ ᠢ᠋ ᠲᠡᠮᠦᠵᠢᠨ ᠮᠡᠳᠡᠷᠡᠭᠰᠡᠨ ᠲᠤᠯᠠ ᠢᠩᠭᠢᠵᠦ ᠪᠣᠳᠣᠯ ᠳ᠋ᠤ᠌ ᠤᠨᠠᠭᠰᠠᠨ ᠪᠢᠯᠡ᠃ᠣᠳᠣ ᠲᠡᠭᠦᠨ ᠳ᠋ᠦ᠍ ᠵᠥᠴᠢ ᠶ᠋ᠢ ᠦᠬᠦᠭᠦᠯᠬᠦ ᠡᠷᠬᠡ ᠪᠠᠢᠭᠰᠠᠨ ᠦᠭᠡᠢ᠃ᠡᠮ᠎ᠡ ᠠᠷᠢᠶᠠᠲᠠᠨ ᠰᠢᠭ᠋ ᠠᠪᠤᠷᠠᠨ ᠬᠠᠮᠠᠭᠠᠯᠠᠭᠰᠠᠨ ᠬᠠᠢᠷᠠᠲᠠᠢ ᠦᠷ᠎ᠡ ᠪᠡᠨ ᠪᠥᠷᠲᠡ ᠭᠡᠨᠡᠳᠲᠡ《ᠴᠢ ᠦᠬᠦᠭᠦᠯᠪᠡᠯ ᠦᠬᠦᠭᠦᠯ᠃ᠳᠤᠷ᠎ᠠ ᠪᠠᠷ ᠢ᠋ᠶ᠋ᠠᠨ ᠪᠣᠯ!》 ᠭᠡᠳ ᠬᠠᠶᠠᠵᠤ ᠣᠷᠬᠢᠭᠰᠠᠨ ᠨᠢ ᠲᠡᠮᠦᠵᠢᠨ ᠳ᠋ᠦ᠍ ᠪᠡᠷᠬᠡ ᠵᠣᠪᠠᠯᠠᠩ ᠠᠪᠴᠢᠷᠠᠵᠠᠢ᠃ᠢᠩᠭᠢᠭᠰᠡᠨ ᠨᠢ ᠲᠡᠮᠦᠵᠢᠨ ᠦ᠌ ᠬᠥᠮᠦᠨ ᠴᠢᠨᠠᠷ᠂ ᠬᠠᠢᠷ᠎ᠠ ᠶ᠋ᠢ ᠣᠷᠭᠢᠯᠤᠭᠤᠯᠵᠤ ᠪᠢ ᠶᠠᠭᠠᠬᠢᠪᠠᠴᠤ ᠵᠥᠴᠢ ᠬᠥᠪᠡᠭᠦᠨ ᠢ᠋ᠶ᠋ᠡᠨ ᠦᠬᠦᠭᠦᠯᠵᠦ ᠪᠣᠯᠬᠤ ᠦᠭᠡᠢ ᠭᠡᠵᠦ ᠰᠢᠢᠳᠬᠦ ᠳ᠋ᠦ᠍ ᠬᠦᠷᠭᠡᠭᠰᠡᠨ ᠡᠴᠡ ᠭᠠᠳᠠᠨ᠎ᠠ ᠪᠥᠷᠲᠡ ᠶ᠋ᠢᠨ ᠠᠯᠤᠰ ᠨᠠᠷᠢᠨ ᠤᠬᠠᠭᠠᠨ ᠢ᠋ ᠣᠢᠯᠠᠭᠠᠵᠤ ᠤᠯᠠᠮ ᠶᠡᠬᠡ ᠬᠦᠨᠳᠦᠯᠡᠬᠦ ᠪᠣᠯᠤᠭᠰᠠᠨ ᠪᠢᠯᠡ᠃ᠵᠥᠴᠢ ᠬᠡᠷᠪᠡ ᠭᠠᠢ ᠪᠣᠯᠵᠤ ᠲᠡᠨᠦᠭᠰᠡᠨ ᠰᠤᠮᠤᠨ ᠳ᠋ᠤ᠌ ᠥᠷᠲᠥᠵᠦ ᠦᠬᠦᠪᠡᠯ ᠲᠡᠮᠦᠵᠢᠨ ᠦ᠌ ᠥᠪᠡᠷ ᠦ᠋ᠨ ᠨᠡᠷ᠎ᠡ ᠬᠦᠨᠳᠦ ᠳ᠋ᠦ᠍ ᠶᠠᠮᠠᠷ ᠬᠣᠣᠷ ᠪᠣᠯᠬᠤ ᠶ᠋ᠢ ᠲᠡᠷᠡ ᠣᠢᠯᠠᠭᠠᠵᠠᠢ᠃ᠲᠡᠮᠦᠵᠢᠨ ᠨᠢᠭᠡᠨᠲᠡ《ᠴᠢᠩᠭᠢᠰ ᠬᠠᠭᠠᠨ》 ᠳ᠋ᠤ᠌ ᠡᠷᠭᠦᠮᠵᠢᠯᠡᠭᠳᠡᠭᠰᠡᠨ ᠲᠤᠯᠠ ᠭᠠᠭᠴᠠ ᠥᠪᠡᠷ ᠦ᠋ᠨ ᠨᠡᠷ᠎ᠡ ᠲᠥᠷᠥ ᠶ᠋ᠢ ᠴᠦ᠍ ᠪᠢᠰᠢ ᠬᠥᠪᠡᠭᠦᠳ ᠦ᠋ᠨ ᠢ᠋ᠶ᠋ᠡᠨ ᠨᠡᠷ᠎ᠡ ᠲᠥᠷᠥ ᠶ᠋ᠢ ᠴᠦ᠍ ᠡᠷᠬᠢᠮᠯᠡᠨ ᠬᠠᠢᠷᠠᠯᠠᠬᠤ ᠶᠣᠰᠣᠲᠠᠢ ᠪᠣᠯᠵᠠᠢ᠃ᠴᠢᠩᠭᠢᠰ ᠬᠠᠭᠠᠨ ᠤ᠋ ᠤᠤᠭᠠᠨ ᠬᠥᠪᠡᠭᠦᠨ ᠳᠠᠢᠰᠤᠨ ᠳ᠋ᠤ᠌ ᠬᠣᠣᠷᠯᠠᠭᠳᠠᠨ ᠦᠬᠦᠨ᠎ᠡ ᠭᠡᠳᠡᠭ ᠶᠠᠮᠠᠷ ᠶᠡᠬᠡ ᠭᠠᠷᠤᠵᠠ᠂ ᠡᠰᠡᠷᠭᠦ ᠡᠲᠡᠭᠡᠳ ᠲᠦ᠍ ᠶᠠᠭᠠᠬᠢᠭᠰᠠᠨ ᠶᠡᠬᠡ ᠪᠠᠶᠠᠷ ᠪᠣᠯᠬᠤ ᠶ᠋ᠢ ᠲᠡᠮᠦᠵᠢᠨ ᠣᠢᠯᠠᠭᠠᠪᠠ᠃ᠲᠡᠢᠮᠦ ᠤᠴᠢᠷ ᠡᠴᠡ ᠬᠥᠪᠡᠭᠦᠳ ᠢ᠋ᠶ᠋ᠡᠨ ᠥᠪᠡᠷ ᠦ᠋ᠨ ᠠᠳᠠᠯᠢ ᠬᠠᠮᠠᠭᠠᠯᠠᠬᠤ ᠴᠠᠭ ᠢᠷᠡᠵᠡᠢ᠃ᠡᠭᠦᠨ ᠡᠴᠡ ᠡᠮᠦᠨ᠎ᠡ ᠭᠠᠭᠴᠠ ᠥᠪᠡᠷ ᠦ᠋ᠨ ᠬᠠᠷ᠎ᠠ ᠲᠣᠯᠣᠭᠠᠢ᠂ ᠬᠠᠯᠠᠭᠤᠨ ᠠᠮᠢ ᠪᠠᠨ ᠡᠷᠬᠢᠮᠯᠡᠨ ᠬᠠᠮᠠᠭᠠᠯᠠᠵᠤ ᠢᠷᠡᠭᠰᠡᠨ ᠮᠠᠭᠤ ᠰᠠᠨᠠᠭ᠎ᠠ ᠪᠠᠨ ᠣᠢᠯᠠᠭᠠᠵᠤ᠂ ᠢᠷᠡᠭᠡᠳᠦᠢ ᠬᠣᠢᠴᠢ ᠪᠠᠨ᠂ ᠦᠷ᠎ᠡ ᠬᠡᠦᠬᠡᠳ ᠢ᠋ᠶ᠋ᠡᠨ ᠪᠣᠳᠣᠬᠤ ᠳ᠋ᠤ᠌ ᠬᠦᠷᠴᠡᠢ᠃ᠲᠡᠭᠡᠭᠡᠳ ᠪᠤᠭᠤᠷᠴᠢ ᠶ᠋ᠢ ᠳᠠᠭᠤᠳᠠᠨ ᠢᠷᠡᠭᠦᠯᠪᠡ᠃ᠤᠴᠢᠷ ᠨᠢ ᠲᠡᠳᠡ ᠲᠠᠢᠴᠢᠭᠤᠳ ᠤ᠋ᠨ ᠦᠯᠡᠳᠡᠭᠳᠡᠯ ᠢ᠋ ᠳᠠᠷᠤᠬᠤ ᠪᠠᠷ ᠤᠳᠠᠬᠤ ᠦᠭᠡᠢ ᠴᠡᠷᠢᠭ ᠢ᠋ᠶ᠋ᠡᠨ ᠬᠥᠳᠡᠯᠭᠡᠬᠦ ᠭᠡᠵᠦ ᠪᠠᠢᠭᠰᠠᠨ ᠪᠢᠯᠡ᠃
— ᠴᠢ ᠮᠢᠨᠦ ᠵᠠᠷᠯᠢᠭ ᠢ᠋ ᠵᠥᠷᠢᠴᠡᠵᠦ ᠵᠥᠴᠢ ᠶ᠋ᠢ ᠠᠮᠢᠳᠤ ᠦᠯᠡᠳᠡᠭᠡᠭᠰᠡᠨ ᠬᠥᠮᠦᠨ᠃ᠣᠳᠣ ᠪᠢ ᠲᠡᠷᠡ ᠣᠰᠣᠯ ᠢ᠋ ᠴᠢᠨᠢ ᠰᠠᠨᠠᠭᠤᠯᠵᠤ ᠵᠥᠴᠢ ᠶ᠋ᠢ ᠠᠮᠢ ᠰᠢᠭ᠋ ᠢ᠋ᠶ᠋ᠡᠨ ᠬᠠᠢᠷᠠᠯᠠᠬᠤ ᠶ᠋ᠢ ᠵᠠᠷᠯᠢᠭ ᠪᠣᠯᠭᠠᠶ᠎ᠠ᠃ᠬᠡᠷᠪᠡ ᠵᠥᠴᠢ ᠣᠰᠣᠯᠳᠠᠪᠠᠯ ᠪᠢ ᠴᠢᠮᠠᠶ᠋ᠢ ᠥᠴᠢᠭ ᠦᠭᠡᠢ ᠴᠠᠭᠠᠵᠠᠯᠠᠬᠤ ᠪᠣᠯᠤᠨ᠎ᠠ᠃ᠴᠢ ᠵᠥᠴᠢ ᠲᠡᠢ ᠨᠢᠭᠡ ᠠᠮᠢ ᠲᠠᠢ ᠪᠣᠯᠪᠠ ᠭᠡᠵᠦ ᠪᠣᠳᠣ᠃ᠴᠢ ᠥᠪᠡᠷ ᠦ᠋ᠨ ᠮᠠᠲᠠᠯ ᠡᠴᠡ ᠵᠥᠴᠢ ᠳ᠋ᠦ᠍ ᠮᠢᠩᠭᠠᠨ ᠰᠢᠯᠢᠳᠡᠭ ᠴᠡᠷᠢᠭ ᠭᠠᠷᠭᠠᠵᠤ ᠵᠠᠬᠢᠷᠤᠭᠤᠯ᠃ᠲᠡᠭᠦᠨ ᠢ᠋ ᠰᠤᠷᠭᠠᠵᠤ ᠬᠥᠮᠦᠵᠢᠭᠦᠯ ᠭᠡᠵᠦ ᠲᠡᠮᠦᠵᠢᠨ ᠬᠡᠯᠡᠪᠡ᠃ᠡᠨᠡ ᠦᠭᠡ ᠶ᠋ᠢ ᠪᠤᠭᠤᠷᠴᠢ ᠬᠦᠯᠢᠶᠡᠵᠦ ᠪᠠᠢᠭᠰᠠᠨ ᠮᠡᠲᠦ ᠨᠢᠳᠦ ᠨᠢ ᠭᠡᠷᠡᠯᠲᠦᠨ ᠣᠢᠷᠠᠲᠤᠨ ᠰᠠᠭᠤᠪᠠ᠃
— ᠵᠠ᠂ ᠪᠢ ᠴᠢᠩᠭᠢᠰ ᠬᠠᠭᠠᠨ ᠲᠠᠨ ᠤ᠋ ᠵᠠᠷᠯᠢᠭ ᠢ᠋ᠶ᠋ᠠᠷ ᠪᠣᠯᠤᠶ᠎ᠠ᠃ᠪᠢ ᠵᠥᠴᠢ ᠳ᠋ᠦ᠍ ᠮᠢᠩᠭᠠᠨ ᠴᠡᠷᠢᠭ ᠥᠭᠭᠦᠨ᠎ᠡ᠃ᠪᠠᠰᠠ ᠳᠡᠷᠭᠡᠳᠡ ᠨᠢ ᠵᠡᠯᠮ᠎ᠡ ᠶ᠋ᠢᠨ ᠳᠡᠭᠦᠦ ᠰᠦᠪᠡᠭᠡᠳᠡᠢ ᠨᠣᠶᠠᠨ ᠢ᠋ ᠳᠠᠭᠠᠭᠤᠯᠤᠶ᠎ᠠ᠃ᠴᠢᠩᠭᠢᠰ ᠬᠠᠭᠠᠨ ᠲᠠᠨ ᠤ᠋ ᠵᠥᠴᠢ ᠬᠥᠪᠡᠭᠦᠨ ᠡᠷᠦᠬᠡ ᠲᠣᠯᠣᠭᠠᠢᠯᠠᠵᠤ ᠴᠡᠷᠢᠭ ᠵᠠᠰᠠᠬᠤ ᠨᠠᠰᠤᠨ ᠳ᠋ᠤ᠌ ᠬᠦᠷᠴᠡᠢ᠃ᠵᠥᠴᠢ ᠳ᠋ᠦ᠍ ᠪᠦᠦ ᠵᠣᠪᠠᠭᠲᠤᠨ᠃ᠲᠡᠭᠦᠨ ᠢ᠋ ᠨᠠᠳᠠ ᠡᠴᠡ ᠡᠮᠦᠨ᠎ᠡ ᠦᠬᠦᠬᠦ ᠶ᠋ᠢ ᠴᠢᠩᠭᠢᠰ ᠬᠠᠭᠠᠨ ᠲᠠ ᠦᠵᠡᠬᠦ ᠦᠭᠡᠢ ᠭᠡᠵᠦ ᠪᠤᠭᠤᠷᠴᠢ ᠵᠤᠭᠠᠲᠠᠢ ᠢᠨᠢᠶᠡᠮᠰᠦᠭᠯᠡᠪᠡ᠃ᠵᠥᠴᠢ ᠶ᠋ᠢ ᠠᠮᠢᠳᠤ ᠦᠯᠡᠳᠡᠭᠡᠭᠰᠡᠨ ᠨᠢ ᠬᠠᠮᠤᠭ ᠤ᠋ᠨ ᠵᠥᠪ ᠰᠢᠢᠳᠪᠦᠷᠢ ᠪᠠᠢᠭᠰᠠᠨ ᠳ᠋ᠤ᠌ ᠭᠠᠭᠴᠠ ᠪᠤᠭᠤᠷᠴᠢ ᠴᠤ᠌ ᠪᠢᠰᠢ ᠪᠦᠭᠦᠳᠡᠭᠡᠷ ᠢ᠋ᠶ᠋ᠡᠨ᠂ ᠪᠦᠷ ᠲᠡᠮᠦᠵᠢᠨ ᠴᠦ᠍ ᠪᠠᠲᠤ ᠢᠲᠡᠭᠡᠯᠲᠡᠢ ᠪᠤᠯᠵᠠᠭᠠᠭᠰᠠᠨ ᠪᠢᠯᠡ᠃ᠲᠡᠢᠮᠦ ᠤᠴᠢᠷ ᠡᠴᠡ ᠵᠥᠴᠢ ᠶ᠋ᠢᠨ ᠲᠤᠬᠠᠢ ᠰᠠᠢᠨ ᠢ᠋ᠶ᠋ᠠᠷ ᠳᠤᠷᠠᠰᠤᠭᠳᠠᠬᠤ ᠪᠦᠷᠢ ᠪᠤᠭᠤᠷᠴᠢ ᠶ᠋ᠢᠨ ᠰᠡᠳᠬᠢᠯ ᠶᠠᠭ ᠨᠠᠮᠤᠷ ᠤ᠋ᠨ ᠲᠠᠯ᠎ᠠ ᠰᠢᠭ᠋ ᠴᠠᠯᠠᠢᠵᠤ ᠪᠠᠶᠠᠷᠲᠠᠢ ᠪᠠᠷ ᠢᠨᠢᠶᠡᠳᠡᠭ ᠪᠠᠢᠪᠠ᠃ᠬᠠᠷᠢᠨ ᠲᠡᠮᠦᠵᠢᠨ ᠵᠠᠷᠯᠢᠭ ᠢ᠋ ᠵᠥᠷᠢᠴᠡᠨ ᠵᠥᠴᠢ ᠶ᠋ᠢ ᠠᠮᠢᠳᠤ ᠦᠯᠡᠳᠡᠭᠡᠭᠰᠡᠨ ᠦ᠌ ᠤᠴᠢᠷ ᠢ᠋ ᠳᠠᠬᠢᠵᠤ ᠠᠰᠠᠭᠤᠭ᠎ᠠ ᠦᠭᠡᠢ ᠴᠦ᠍ ᠪᠤᠭᠤᠷᠴᠢ ᠶ᠋ᠢ ᠢᠩᠭᠢᠪᠡ ᠭᠡᠵᠦ ᠬᠠᠲᠠᠭᠤ ᠴᠢᠩᠭ᠎ᠠ ᠪᠠᠷ ᠪᠤᠷᠤᠭᠤᠰᠢᠶᠠᠨ ᠵᠢᠮᠡᠯᠡᠭᠡ ᠦᠭᠡᠢ ᠶᠤᠮ᠃ᠭᠡᠰᠡᠨ ᠬᠡᠳᠦᠢ ᠴᠦ᠍ ᠵᠥᠴᠢ ᠶ᠋ᠢ ᠠᠮᠢᠳᠤ ᠦᠯᠡᠳᠡᠭᠡᠭᠰᠡᠨ ᠳ᠋ᠦ᠍ ᠳᠣᠲᠣᠷ᠎ᠠ ᠪᠠᠨ ᠲᠠᠯᠠᠷᠬᠠᠯᠲᠠᠢ ᠶᠠᠪᠤᠳᠠᠭ ᠢ᠋ ᠪᠤᠭᠤᠷᠴᠢ ᠲᠠᠭᠠᠮᠠᠭᠯᠠᠵᠤ᠂ ᠲᠡᠮᠦᠵᠢᠨ ᠢ᠋ ᠵᠥᠴᠢ ᠶ᠋ᠢᠨ ᠲᠤᠬᠠᠢ ᠰᠠᠢᠨ ᠢ᠋ᠶ᠋ᠠᠷ ᠳᠤᠷᠠᠳᠬᠤ ᠪᠦᠷᠢ ᠳ᠋ᠦ᠍ ᠢᠩᠭᠢᠵᠦ ᠳᠠᠭᠠᠵᠢᠩᠲᠠᠢ ᠪᠠᠷ ᠢᠨᠢᠶᠡᠳᠡᠭ ᠪᠥᠭᠡᠳ ᠲᠡᠮᠦᠵᠢᠨ ᠪᠤᠭᠤᠷᠴᠢ ᠶ᠋ᠢᠨ ᠡᠨᠡ ᠬᠣᠣᠷ ᠦᠭᠡᠢ ᠵᠠᠩ ᠢ᠋ ᠠᠩᠵᠠᠭᠠᠷᠠᠭ᠎ᠠ ᠦᠭᠡᠢ ᠮᠡᠲᠦ ᠥᠩᠭᠡᠷᠡᠳᠡᠭ ᠪᠠᠢᠯ᠎ᠠ᠃
— ᠵᠠ ᠪᠢ ᠲᠡᠭᠡᠪᠡᠯ ᠰᠡᠳᠬᠢᠯ ᠬᠠᠨᠤᠯ᠎ᠠ᠃ᠴᠢ ᠵᠥᠴᠢ ᠶ᠋ᠢ ᠨᠠᠳᠠᠳᠤ ᠦᠨᠡᠨᠴᠢ ᠪᠡᠷ ᠵᠢᠳᠬᠦᠭᠦᠯ᠃ᠲᠡᠭᠦᠨ ᠢ᠋ ᠬᠠᠮᠤᠭ ᠤ᠋ᠨ ᠰᠢᠯᠢᠳᠡᠭ ᠪᠠᠭᠠᠲᠤᠷ ᠵᠠᠩᠵᠤᠨ ᠪᠣᠯᠭ᠎ᠠ᠃ᠵᠥᠴᠢ ᠶ᠋ᠢ ᠪᠦᠦ ᠦᠬᠦᠭᠦᠯ᠃ᠪᠢ ᠪᠥᠷᠲᠡ ᠳ᠋ᠦ᠍ ᠠᠮᠠᠯᠠᠭᠰᠠᠨ ᠶᠤᠮ ᠭᠡᠵᠦ ᠲᠡᠮᠦᠵᠢᠨ ᠰᠢᠷᠦᠭᠦᠨ ᠳᠤᠤᠭᠠᠷᠴᠤ ᠬᠥᠮᠥᠰᠬᠡ ᠵᠠᠩᠭᠢᠳᠪᠠ᠃
ᠲᠡᠮᠦᠵᠢᠨ ᠬᠡᠳᠦᠢ ᠪᠡᠷ ᠪᠥᠷᠲᠡ ᠳ᠋ᠦ᠍ ᠢᠩᠭᠢᠵᠦ ᠬᠡᠯᠡᠭᠡ ᠦᠭᠡᠢ ᠴᠦ᠍ ᠵᠥᠴᠢ ᠶ᠋ᠢ ᠬᠡᠷᠬᠢᠪᠡᠴᠦ ᠦᠬᠦᠭᠦᠯᠵᠦ ᠪᠣᠯᠬᠤ ᠦᠭᠡᠢ ᠭᠡᠵᠦ ᠳᠣᠲᠣᠷ᠎ᠠ ᠪᠠᠨ ᠬᠠᠲᠠᠭᠤ ᠰᠢᠢᠳᠦᠭᠰᠡᠨ ᠪᠢᠯᠡ᠃ᠬᠠᠷᠢᠨ ᠶᠠᠭᠠᠬᠢᠭᠠᠳ ᠭᠡᠳᠡᠭ ᠢ᠋ᠶ᠋ᠡᠨ ᠲᠡᠷᠡ ᠪᠤᠭᠤᠷᠴᠢ ᠳ᠋ᠤ᠌ ᠲᠠᠢᠯᠪᠤᠷᠢᠯᠠᠭᠰᠠᠨ ᠦᠭᠡᠢ᠃ᠢᠩᠭᠢᠬᠦ ᠶ᠋ᠢᠨ ᠬᠡᠷᠡᠭ ᠴᠦ᠍ ᠦᠭᠡᠢ ᠪᠠᠢᠪᠠ᠃ᠣᠳᠣ ᠪᠦᠭᠦᠳᠡ ᠲᠡᠮᠦᠵᠢᠨ ᠦ᠌ ᠶᠠᠭᠤ ᠬᠡᠯᠡᠭᠰᠡᠨ ᠢ᠋ ᠶᠠᠮᠠᠷ ᠴᠤ᠌ ᠲᠠᠢᠯᠪᠤᠷᠢ ᠦᠭᠡᠢ ᠪᠡᠷ ᠪᠡᠶᠡᠯᠡᠭᠦᠯᠵᠦ ᠰᠤᠷᠴᠠᠢ᠃
— ᠪᠢ ᠬᠠᠭᠠᠨ ᠲᠠᠨ ᠳ᠋ᠤ᠌ ᠠᠮᠠᠯᠠᠭᠰᠠᠨ ᠢ᠋ᠶ᠋ᠠᠨ ᠬᠢᠬᠦ ᠪᠣᠯᠤᠨ᠎ᠠ ᠭᠡᠳ ᠪᠤᠭᠤᠷᠴᠢ ᠬᠦᠨᠳᠦᠳᠬᠡᠯᠲᠡᠢ ᠪᠡᠷ ᠶᠣᠰᠣᠯᠠᠵᠤ ᠤᠬᠤᠷᠢᠨ ᠭᠠᠷᠤᠭᠰᠠᠨ ᠬᠣᠢᠨ᠎ᠠ ᠲᠡᠮᠦᠵᠢᠨ ᠪᠦᠷ ᠦᠨᠡᠨ ᠰᠡᠳᠬᠢᠯ ᠡᠴᠡ ᠪᠡᠨ ᠭᠠᠭᠴᠠᠭᠠᠷ ᠢ᠋ᠶ᠋ᠠᠨ ᠬᠥᠬᠥᠷᠡᠵᠦ ᠰᠠᠭᠤᠪᠠ᠃ᠪᠦᠷ ᠨᠢᠯᠪᠤᠰᠤ ᠪᠠᠨ ᠭᠣᠭᠣᠵᠢᠲᠠᠯ᠎ᠠ ᠬᠥᠬᠥᠷᠡᠪᠡ᠃ᠤᠴᠢᠷ ᠨᠢ ᠬᠡᠨᠡᠭ ᠦᠭᠡᠢ ᠪᠤᠭᠤᠷᠴᠢ ᠶᠠᠭᠠᠬᠢᠵᠤ ᠪᠥᠬᠥᠢᠭᠰᠡᠨ᠂ ᠪᠦᠷ ᠦᠨᠡᠨ ᠰᠡᠳᠬᠢᠯ ᠡᠴᠡ ᠪᠡᠨ ᠮᠡᠬᠦᠢᠨ ᠶᠣᠰᠣᠯᠠᠭᠰᠠᠨ ᠨᠢ ᠦᠵᠡᠭᠳᠡᠭᠡᠳ ᠪᠣᠯᠤᠭᠰᠠᠨ ᠦᠭᠡᠢ᠃ᠲᠡᠭᠦᠨ ᠦ᠌ ᠠᠮᠢᠳᠤᠷᠠᠯ᠂ ᠡᠷᠭᠢᠨ ᠲᠣᠭᠣᠷᠢᠨ ᠤ᠋ ᠪᠦᠬᠦ ᠬᠥᠮᠦᠰ ᠡᠢᠨ ᠬᠦ᠌ ᠥᠭᠡᠷᠡᠴᠢᠯᠡᠭᠳᠡᠵᠡᠢ᠃ᠲᠡᠮᠦᠵᠢᠨ ᠣᠳᠣ ᠥᠪᠡᠷ ᠦ᠋ᠨ ᠦᠵᠡᠭᠡ ᠦᠭᠡᠢ ᠲᠡᠷᠡ ᠶᠣᠰᠣ ᠵᠢᠷᠤᠮ ᠢ᠋ᠶ᠋ᠠᠷ ᠠᠮᠢᠳᠤᠷᠠᠵᠤ ᠰᠤᠷᠴᠤ ᠪᠠᠢᠯ᠎ᠠ᠃ᠲᠡᠭᠦᠨ ᠢ᠋ ᠶᠡᠬᠡ ᠬᠠᠭᠠᠨ ᠳ᠋ᠤ᠌ ᠡᠷᠭᠦᠮᠵᠢᠯᠡᠬᠦ ᠲᠢᠭ ᠶᠣᠰᠣ ᠶ᠋ᠢ ᠪᠥᠷᠲᠡ᠂ ᠳᠠᠪ ᠲᠩᠷᠢ ᠪᠥᠬᠡ ᠪᠣᠯᠤᠭᠠᠳ ᠪᠤᠰᠤᠳ ᠨᠥᠬᠥᠳ ᠨᠢ ᠨᠢᠭᠡᠨᠲᠡ ᠲᠣᠭᠲᠠᠭᠠᠨ ᠬᠡᠪᠰᠢᠭᠦᠯᠵᠡᠢ᠃ᠪᠦᠬᠦ ᠶᠠᠭᠤᠮ᠎ᠠ ᠰᠠᠨᠠᠭᠰᠠᠨ ᠢ᠋ᠶ᠋ᠠᠷ ᠪᠣᠯᠵᠤ ᠪᠠᠢᠭ᠎ᠠ ᠳ᠋ᠤ᠌ ᠰᠡᠳᠬᠢᠯ ᠰᠡᠷᠭᠦᠵᠦ᠂ ᠪᠠᠶᠠᠰᠬᠤᠯᠠᠩᠲᠤ ᠪᠣᠳᠣᠯ ᠲᠥᠷᠥᠨ᠎ᠡ᠃ᠣᠳᠣ ᠲᠡᠭᠦᠨ ᠦ᠌ ᠡᠮᠦᠨᠡᠬᠢ ᠪᠦᠬᠦ ᠵᠣᠷᠢᠯᠭ᠎ᠠ᠂ ᠦᠢᠯᠡ ᠲᠣᠳᠣᠷᠬᠠᠢ ᠮᠡᠲᠦ ᠰᠠᠨᠠᠭᠳᠠᠬᠤ ᠪᠣᠯᠵᠠᠢ᠃ᠳᠠᠢᠰᠤᠨ ᠡᠲᠡᠭᠡᠳ ᠦ᠋ᠨ ᠬᠦᠴᠦ ᠶ᠋ᠢ ᠨᠢᠭᠡᠳᠬᠡᠬᠦ ᠦᠭᠡᠢ ᠪᠡᠷ ᠭᠠᠭᠴᠠ ᠭᠠᠭᠴᠠᠭᠠᠷ ᠨᠢ ᠴᠣᠬᠢᠵᠤ ᠰᠥᠨᠥᠭᠡᠬᠦ ᠨᠢ ᠡᠨᠡ ᠴᠠᠭ ᠲᠤ᠌ ᠬᠠᠮᠤᠭ ᠡᠴᠡ ᠴᠢᠬᠤᠯᠠ ᠭᠡᠳᠡᠭ ᠢ᠋ ᠲᠡᠮᠦᠵᠢᠨ ᠨᠥᠬᠥᠳ ᠦ᠋ᠨ ᠬᠠᠮᠲᠤ ᠲᠣᠳᠣᠷᠬᠠᠢ ᠣᠢᠯᠠᠭᠠᠭᠰᠠᠨ ᠤᠴᠢᠷ ᠡᠴᠡ ᠠᠯᠲᠠᠨ ᠤᠯᠤᠰ ᠤ᠋ᠨ ᠴᠡᠷᠢᠭ ᠲᠦ᠍ ᠬᠥᠭᠡᠭᠡᠭᠳᠡᠨ ᠣᠷᠣᠬᠤ ᠭᠠᠵᠠᠷ ᠢ᠋ᠶ᠋ᠠᠨ ᠣᠯᠬᠤ ᠦᠭᠡᠢ ᠵᠢᠭᠤᠲᠠᠵᠤ ᠶᠠᠪᠤᠭᠰᠠᠨ ᠲᠠᠲ᠋ᠠᠷ ᠤ᠋ᠨ ᠮᠡᠭᠦᠵᠢᠨ ᠰᠡᠭᠦᠯᠲᠦ ᠶ᠋ᠢ ᠬᠠᠵᠠᠭᠤ ᠡᠴᠡ ᠨᠢ ᠳᠠᠭᠠᠷᠢᠨ ᠰᠥᠨᠥᠭᠡᠭᠰᠡᠨ ᠪᠢᠯᠡ᠃
ᠬᠠᠷᠢᠨ ᠤᠳᠠᠬᠤ ᠦᠭᠡᠢ ᠲᠣᠭᠣᠷᠢᠯ ᠬᠠᠨ ᠲᠠᠢ ᠨᠡᠢᠯᠡᠵᠦ ᠵᠠᠮᠤᠬ᠎ᠠ ᠶ᠋ᠢ ᠳᠠᠷᠤᠬᠤ ᠪᠣᠯᠤᠨ᠎ᠠ᠃ᠪᠠᠰᠠ ᠨᠠᠢ᠍ᠮᠠᠨ ᠠᠢᠮᠠᠭ ᠤ᠋ᠨ ᠪᠣᠢᠷᠣᠭ ᠬᠠᠭᠠᠨ ᠢ᠋ ᠰᠥᠨᠥᠭᠡᠨ᠎ᠡ᠃ᠲᠡᠷᠡ ᠪᠣᠢᠷᠣᠭ ᠬᠠᠭᠠᠨ᠂ ᠲᠡᠭᠦᠨ ᠦ᠌ ᠬᠥᠪᠡᠭᠦᠨ ᠲᠠᠶᠠᠨ ᠬᠠᠨ ᠪᠣᠯ ᠮᠡᠷᠭᠢᠳ ᠦ᠋ᠨ ᠲᠣᠭᠲᠠᠭ᠎ᠠ ᠪᠡᠬᠢ ᠶ᠋ᠢ ᠬᠥᠪᠡᠭᠦᠳ ᠦ᠋ᠨ ᠬᠢᠨᠢ ᠬᠠᠮᠲᠤ ᠣᠷᠣᠩᠨᠠᠭᠤᠯᠤᠨ ᠲᠡᠳᠬᠦᠵᠦ ᠪᠠᠢᠭ᠎ᠠ ᠤᠯᠤᠰ ᠶᠤᠮ᠃ᠨᠠᠢ᠍ᠮᠠᠨ ᠡᠴᠡ ᠡᠮᠦᠨ᠎ᠡ ᠲᠣᠮᠣ ᠲᠣᠯᠣᠭᠠᠢ ᠲᠠᠢ ᠵᠦᠷᠭᠢᠨ ᠢ᠋ ᠨᠣᠮᠣᠬᠠᠷᠠᠭᠤᠯᠬᠤ ᠶᠣᠰᠣᠲᠠᠢ᠃ᠵᠦᠷᠭᠢᠨ ᠣᠪᠣᠭ ᠤ᠋ᠨ ᠬᠢᠨ ᠤᠭ ᠨᠢ ᠤᠭᠰᠠᠭ᠎ᠠ ᠭᠠᠷᠤᠯ ᠨᠢᠭᠡᠲᠡᠢ ᠬᠠᠪᠤᠯ ᠬᠠᠭᠠᠨ ᠤ᠋ ᠦᠷ᠎ᠡ ᠰᠡᠳᠦ ᠶᠤᠮ᠃ᠭᠡᠲᠡᠯ᠎ᠡ ᠲᠡᠳᠡ ᠦᠷᠭᠦᠯᠵᠢ ᠡᠪ ᠡᠪᠳᠡᠵᠦ᠂ ᠪᠦᠷ ᠬᠡᠲᠦᠷᠡᠭᠡᠳ ᠲᠠᠲ᠋ᠠᠷ ᠤ᠋ᠨ ᠮᠡᠭᠦᠵᠢᠨ ᠰᠡᠭᠦᠯᠲᠦ ᠶ᠋ᠢ ᠬᠥᠭᠡᠭᠡᠨ ᠳᠠᠢᠳᠤᠵᠤ ᠶᠠᠪᠤᠬᠤ ᠬᠣᠢᠭᠤᠷ ᠥᠭᠡᠯᠦᠨ ᠡᠬᠡ ᠶ᠋ᠢᠨ ᠬᠦᠷᠢᠶ᠎ᠡ ᠶ᠋ᠢ ᠳᠠᠭᠠᠷᠢᠵᠤ ᠬᠥᠮᠦᠨ ᠠᠯᠠᠵᠤ᠂ ᠳᠡᠭᠡᠷᠡᠮ ᠬᠢᠭᠰᠡᠨ ᠴᠠᠳᠢᠭ ᠦᠭᠡᠢ ᠤᠯᠤᠰ ᠪᠢᠯᠡ᠃ᠲᠠᠪᠲᠤᠷ ᠮᠠᠭᠤᠲᠠᠢ᠂ ᠣᠮᠣᠭ ᠵᠢᠷᠦᠬᠡ ᠶᠡᠬᠡᠲᠡᠢ ᠵᠦᠷᠭᠢᠨ ᠢ᠋ ᠨᠣᠮᠣᠬᠠᠳᠬᠠᠬᠤ ᠬᠡᠷᠡᠭ ᠶᠠᠭ ᠬᠣᠭᠣᠯᠠᠢ ᠳ᠋ᠤ᠌ ᠲᠤᠯᠵᠠᠢ᠃ᠲᠡᠮᠦᠵᠢᠨ ᠦ᠌ ᠲᠡᠪᠴᠢᠶᠡᠷᠢ ᠪᠠᠷᠠᠭᠳᠠᠭᠰᠠᠨ ᠪᠠᠢᠪᠠ᠃ᠪᠥᠷᠲᠡ ᠬᠠᠲᠤᠨ ᠤ᠋ ᠰᠠᠨᠠᠭᠠᠴᠢᠯᠠᠨ ᠬᠡᠪᠰᠢᠭᠦᠯᠦᠭᠰᠡᠨ ᠢ᠋ᠶ᠋ᠡᠷ《ᠴᠢᠩᠭᠢᠰ ᠬᠠᠭᠠᠨ》 ᠭᠡᠮᠡᠨ ᠬᠦᠨᠳᠦᠯᠡᠭᠦᠯᠵᠦ ᠲᠡᠭᠦᠨ ᠦ᠌ ᠣᠢᠷ᠎ᠠ ᠲᠣᠭᠣᠷᠢᠨ ᠤ᠋ ᠲᠢᠭ ᠵᠠᠶᠢᠭ ᠥᠭᠡᠷᠡᠴᠢᠯᠡᠭᠳᠡᠬᠦ ᠲᠣᠰᠤᠮ ᠲᠡᠮᠦᠵᠢᠨ ᠦ᠌ ᠰᠡᠳᠬᠢᠯ ᠳ᠋ᠦ᠍ ᠬᠡᠳᠦᠢᠨ ᠡᠴᠡ ᠲᠥᠷᠥᠬᠦ ᠪᠣᠯᠤᠭᠰᠠᠨ ᠢᠵᠠᠭᠤᠷ ᠪᠣᠳᠣᠯ ᠤᠯᠠᠮ ᠪᠠᠲᠤᠵᠢᠵᠤ ᠪᠠᠢᠯ᠎ᠠ᠃ᠲᠡᠷᠡ ᠪᠡᠷ ᠲᠠᠲ᠋ᠠᠷ᠂ ᠨᠠᠢ᠍ᠮᠠᠨ ᠠᠢᠮᠠᠭ᠂ ᠵᠦᠷᠭᠢᠨ ᠣᠪᠣᠭ ᠤ᠋ᠨ ᠬᠢᠨ ᠲᠡᠳᠦᠢ ᠦᠭᠡᠢ ᠡᠷᠭᠢᠨ ᠲᠣᠭᠣᠷᠢᠨ ᠤ᠋ ᠪᠤᠰᠤᠳ ᠠᠢᠮᠠᠭ᠂ ᠤᠯᠤᠰ ᠢ᠋ ᠡᠷᠬᠡᠰᠢᠶᠡᠨ ᠨᠢᠭᠡᠳᠬᠡᠵᠦ ᠨᠢᠭᠡᠨ ᠬᠦᠴᠦᠷᠬᠡᠭ ᠤᠯᠤᠰ ᠪᠠᠢᠭᠤᠯᠤᠨ ᠬᠠᠭᠠᠨ ᠰᠠᠭᠤᠬᠤ ᠴᠠᠭ ᠢ᠋ ᠤᠯᠠᠮ ᠪᠦᠷ ᠲᠣᠳᠣ ᠲᠥᠰᠦᠭᠡᠯᠡᠵᠦ ᠪᠠᠢᠪᠠ᠃
ᠲᠡᠮᠦᠵᠢᠨ ᠵᠥᠴᠢ ᠶ᠋ᠢᠨ ᠬᠡᠷᠡᠭ ᠢ᠋ ᠪᠤᠭᠤᠷᠴᠢ ᠳ᠋ᠤ᠌ ᠳᠠᠭᠠᠳᠬᠠᠭᠠᠳ ᠰᠡᠳᠬᠢᠯ ᠠᠮᠠᠷᠠᠵᠤ ᠪᠥᠷᠲᠡ ᠬᠠᠲᠤᠨ ᠤ᠋ ᠪᠠᠨ ᠭᠡᠷ ᠲᠦ᠍ ᠨᠢᠭᠤᠷ ᠪᠠᠷᠳᠠᠮ ᠣᠴᠢᠬᠤ ᠪᠣᠯᠵᠠᠢ᠃ᠬᠠᠷᠢᠨ ᠪᠥᠷᠲᠡ ᠶ᠋ᠢᠨ ᠵᠥᠪᠰᠢᠶᠡᠷᠡᠭᠰᠡᠨ ᠢ᠋ᠶ᠋ᠡᠷ ᠶᠢᠰᠦᠬᠡᠨ ᠢ᠋ ᠬᠠᠲᠤᠨ ᠪᠠᠭᠤᠯᠭᠠᠨ ᠠᠪᠴᠢᠷᠠᠭᠰᠠᠨ ᠡᠴᠡ ᠬᠣᠢᠰᠢ ᠲᠡᠮᠦᠵᠢᠨ ᠶᠡᠬᠡᠪᠴᠢᠯᠡᠨ ᠵᠠᠯᠠᠭᠤ ᠬᠠᠲᠤᠨ ᠤ᠋ ᠳ᠋ᠤ᠌ ᠬᠣᠨᠣᠬᠤ ᠪᠣᠯᠤᠭᠰᠠᠨ ᠠᠪᠠᠴᠤ ᠬᠡᠳᠦ ᠬᠣᠨᠣᠭᠠᠳ ᠯᠠ ᠪᠥᠷᠲᠡ ᠶ᠋ᠢᠨ ᠤᠷᠢᠯᠭ᠎ᠠ ᠪᠠᠷ ᠶᠢᠰᠦᠬᠡᠨ ᠦ᠌ ᠬᠠᠮᠲᠤ ᠣᠴᠢᠵᠤ ᠬᠣᠨᠣᠬᠤ ᠪᠥᠯᠥᠭᠡ᠃ᠪᠥᠷᠲᠡ ᠶ᠋ᠢᠨ ᠰᠠᠨᠠᠭᠠᠴᠢᠯᠠᠭᠰᠠᠨ ᠲᠡᠳᠡᠨ ᠦ᠌ ᠬᠠᠮᠲᠤ ᠴᠡᠩᠭᠡᠬᠦ ᠲᠣᠭᠯᠠᠭᠠᠮ ᠪᠦᠭᠦᠳᠡ ᠳ᠋ᠦ᠍ᠨᠢ ᠲᠠᠭᠠᠯᠠᠭᠳᠠᠭᠰᠠᠨ ᠶᠤᠮ᠃ᠪᠦᠷ ᠪᠦᠭᠦᠳᠡᠭᠡᠷ ᠰᠢᠨᠤᠨ ᠳᠤᠷᠠᠯᠠᠳᠠᠭ ᠭᠡᠬᠦ ᠳ᠋ᠦ᠍ ᠬᠢᠯᠢᠰᠳᠡᠬᠦ ᠦᠭᠡᠢ᠃ᠨᠢᠭᠡᠨᠲᠡ ᠴᠢᠩᠭᠢᠰ ᠬᠠᠭᠠᠨ ᠥᠭᠡᠷ᠎ᠡ ᠬᠠᠲᠤᠨ ᠪᠠᠭᠤᠯᠭᠠᠬᠤ ᠨᠢ ᠲᠣᠭᠣᠷᠢᠵᠤ ᠭᠠᠷᠴᠤ ᠴᠢᠳᠠᠬᠤ ᠦᠭᠡᠢ ᠵᠠᠮ ᠬᠣᠢᠨ᠎ᠠ ᠪᠥᠷᠲᠡ ᠬᠤᠪᠢ ᠲᠠᠪᠢᠯᠠᠩ ᠲᠠᠢ ᠪᠠᠨ ᠡᠪᠯᠡᠷᠡᠵᠦ ᠬᠠᠷᠢᠨ ᠵᠠᠯᠠᠭᠤ ᠬᠠᠲᠤᠳ ᠲᠤ᠌ ᠡᠷᠬᠡ ᠶᠠᠮᠪᠠ ᠪᠠᠨ ᠪᠤᠯᠢᠶᠠᠯᠭᠠᠬᠤ ᠦᠭᠡᠢ ᠶ᠋ᠢᠨ ᠲᠥᠯᠥᠭᠡ ᠤᠬᠠᠭᠠᠨ ᠠᠭᠠᠰᠢ ᠪᠠᠨ ᠭᠠᠷᠭᠠᠬᠤ ᠬᠡᠷᠡᠭᠲᠡᠢ ᠪᠣᠯᠤᠭᠰᠠᠨ ᠢ᠋ ᠭᠦᠨᠵᠡᠭᠡᠢ ᠣᠢᠯᠠᠭᠠᠵᠠᠢ᠃ᠬᠠᠷᠢᠨ ᠠᠵᠠ ᠪᠠᠷ ᠬᠠᠷ᠎ᠠ ᠨᠢᠯᠬ᠎ᠠ ᠡᠴᠡ ᠰᠦᠢ ᠲᠠᠯᠪᠢᠨ ᠬᠤᠷᠢᠮᠯᠠᠵᠤ ᠨᠢᠴᠦᠭᠦᠨ ᠶᠠᠳᠠᠭᠤ ᠦᠶ᠎ᠡ ᠡᠴᠡ ᠬᠣᠶᠠᠷ ᠦᠭᠡᠢ ᠰᠡᠳᠬᠢᠯ ᠢ᠋ᠶ᠋ᠡᠷ ᠢᠵᠢᠯᠢᠰᠢᠵᠦ᠂ ᠬᠠᠷᠢᠲᠠᠨ ᠳ᠋ᠤ᠌ ᠪᠤᠯᠢᠶᠠᠭᠳᠠᠵᠤ ᠵᠣᠪᠠᠭᠰᠠᠨ ᠪᠥᠷᠲᠡ ᠲᠡᠢ ᠮᠥᠴᠡᠭᠡᠷᠬᠡᠨ ᠲᠡᠮᠡᠴᠡᠬᠦ ᠡᠮ᠎ᠡ ᠬᠦᠢᠰᠦᠲᠡᠨ ᠲᠡᠮᠦᠵᠢᠨ ᠦ᠌ ᠤᠷᠤᠭ᠂ ᠤᠳᠤᠮ ᠳ᠋ᠤ᠌ ᠭᠠᠷᠤᠭᠰᠠᠨ ᠦᠭᠡᠢ᠃ᠡᠨᠡ ᠨᠢ ᠪᠥᠷᠲᠡ ᠶ᠋ᠢᠨ ᠠᠭᠤᠵᠢᠭᠤ ᠤᠬᠠᠭᠠᠨ᠂ ᠬᠠᠲᠠᠭᠤ ᠲᠡᠪᠴᠢᠶᠡᠷᠢ᠂ ᠣᠯᠠᠨ ᠤ᠋ ᠠᠶ᠎ᠠ ᠶ᠋ᠢ ᠣᠯᠬᠤ ᠢᠯᠳᠠᠮ ᠵᠠᠩ ᠡᠴᠡ ᠡᠭᠦᠰᠦᠯᠲᠡᠢ ᠪᠠᠢᠪᠠ᠃ᠪᠥᠷᠲᠡ ᠶ᠋ᠢᠨ ᠥᠨᠳᠥᠷ ᠨᠡᠷ᠎ᠡ ᠬᠦᠨᠳᠦ ᠶ᠋ᠢ ᠲᠡᠮᠦᠵᠢᠨ ᠴᠦ᠍ ᠬᠦᠨᠳᠦᠳᠬᠡᠨ ᠮᠡᠳᠡᠷᠡᠳᠡᠭ ᠪᠥᠭᠡᠳ ᠭᠡᠷ ᠦ᠋ᠨ ᠠᠯᠢᠪᠠ ᠬᠡᠷᠡᠭ ᠢ᠋ ᠪᠥᠷᠲᠡ ᠶ᠋ᠢᠨ ᠰᠠᠨᠠᠭᠠᠨ ᠳ᠋ᠤ᠌ ᠠᠯᠢ ᠪᠣᠯᠬᠣᠷ ᠨᠡᠢᠴᠡᠭᠦᠯᠵᠦ ᠲᠡᠭᠦᠨ ᠦ᠌ ᠦᠭᠡ ᠪᠡᠷ ᠬᠢᠬᠦ ᠶ᠋ᠢ ᠬᠢᠴᠢᠶᠡᠬᠦ ᠪᠥᠯᠥᠭᠡ᠃ᠲᠡᠢᠮᠦ ᠤᠴᠢᠷ ᠡᠴᠡ ᠲᠡᠮᠦᠵᠢᠨ ᠦ᠌ ᠪᠤᠰᠤᠳ ᠬᠠᠲᠤᠳ ᠠᠯᠢᠪᠠ ᠳ᠋ᠤ᠌ ᠭᠠᠭᠴᠠ ᠪᠥᠷᠲᠡ ᠶ᠋ᠢᠨ ᠠᠮᠠ ᠶ᠋ᠢ ᠬᠠᠷᠠᠳᠠᠭ ᠪᠣᠯᠵᠠᠢ᠃ᠪᠦᠬᠦ ᠵᠦᠢᠯ ᠳ᠋ᠦ᠍ ᠲᠡᠮᠦᠵᠢᠨ ᠶᠡᠬᠡ ᠬᠠᠲᠤᠨ ᠢ᠋ᠶ᠋ᠠᠨ ᠬᠥᠬᠢᠭᠦᠯᠦᠨ ᠳᠡᠮᠵᠢᠬᠦ ᠲᠤᠯᠠ ᠲᠡᠳᠡᠨ ᠳ᠋ᠦ᠍ ᠪᠥᠷᠲᠡ ᠶ᠋ᠢᠨ ᠦᠭᠡ ᠶ᠋ᠢ ᠳᠠᠭᠠᠬᠤ ᠡᠴᠡ ᠥᠭᠡᠷ᠎ᠡ ᠵᠠᠮ ᠦᠯᠡᠳᠡᠭᠰᠡᠨ ᠦᠭᠡᠢ᠃
ᠥᠨᠥ ᠣᠷᠣᠢ ᠲᠡᠮᠦᠵᠢᠨ ᠶᠢᠰᠦᠬᠡᠨ ᠬᠣᠶᠠᠷ ᠪᠥᠷᠲᠡ ᠶ᠋ᠢᠨ ᠦᠷᠭᠦᠭᠡᠨ ᠳ᠋ᠦ᠍ ᠬᠣᠨᠣᠨ᠎ᠠ᠃ᠲᠡᠷᠡ ᠪᠥᠷᠲᠡ ᠳ᠋ᠦ᠍ ᠠᠮᠠᠯᠠᠭᠰᠠᠨ ᠪᠢᠯᠡ᠃ᠬᠥᠭᠰᠢᠷᠡᠵᠦ ᠪᠠᠰᠠ ᠡᠷ᠎ᠡ ᠳ᠋ᠡᠭᠡᠨ ᠭᠣᠯᠣᠭᠳᠠᠵᠠᠢ ᠭᠡᠵᠦ ᠪᠥᠷᠲᠡ ᠶ᠋ᠢᠨ ᠭᠣᠮᠣᠳᠠᠬᠤ ᠰᠡᠳᠬᠢᠯ ᠢ᠋ ᠢᠩᠭᠢᠵᠦ ᠲᠥᠯᠥᠪᠰᠢᠭᠦᠯᠬᠦ ᠨᠢ ᠲᠡᠮᠦᠵᠢᠨ ᠳ᠋ᠦ᠍ ᠲᠡᠢᠮᠦ ᠮᠠᠭᠤ ᠶᠠᠭᠤᠮ᠎ᠠ ᠭᠡᠵᠦ ᠰᠠᠨᠠᠭᠳᠠᠭᠰᠠᠨ ᠦᠭᠡᠢ ᠪᠢᠯᠡ᠃ᠬᠠᠷᠢᠨ ᠴᠤ᠌ ᠪᠥᠷᠲᠡ ᠶ᠋ᠢᠨ ᠭᠣᠮᠣᠳᠠᠯᠯᠠᠬᠤ ᠰᠡᠳᠬᠢᠯ ᠨᠢᠮᠭᠡᠷᠡᠵᠦ ᠡᠨᠡ ᠨᠢ ᠬᠡᠨ ᠬᠡᠨ ᠳ᠋ᠡᠭᠡᠨ ᠠᠮᠠᠷ ᠪᠠᠢᠬᠤ ᠪᠣᠯᠵᠠᠢ᠃ᠵᠠᠷᠢᠮ ᠳ᠋ᠠᠭᠠᠨ ᠥᠪᠡᠷ ᠲᠡᠢ ᠨᠢ ᠢᠨᠠᠭᠯᠠᠬᠤ ᠦᠭᠡᠢ ᠥᠨᠵᠢᠵᠦ᠂ ᠤᠳᠠᠯ᠎ᠠ ᠴᠤ᠌ ᠪᠥᠷᠲᠡ ᠭᠣᠮᠣᠳᠠᠬᠤ ᠦᠭᠡᠢ ᠪᠠᠢᠳᠠᠭ ᠪᠥᠭᠡᠳ ᠵᠦᠭᠡᠷ ᠯᠡ ᠲᠡᠮᠦᠵᠢᠨ ᠶᠢᠰᠦᠬᠡᠨ ᠬᠣᠶᠠᠷ ᠤ᠋ᠨ ᠢᠨᠠᠭᠯᠠᠬᠤ ᠶ᠋ᠢ ᠬᠠᠷᠠᠵᠤ ᠰᠣᠨᠣᠰᠴᠤ ᠬᠡᠪᠲᠡᠳᠡᠭ ᠪᠠᠢᠪᠠ᠃ᠬᠥᠪᠡᠭᠦᠳ ᠨᠢ ᠥᠰᠴᠦ ᠭᠠᠷ ᠡᠴᠡ ᠭᠠᠷᠤᠭᠰᠠᠨ ᠨᠢ ᠪᠥᠷᠲᠡ ᠶ᠋ᠢ ᠤᠯᠠᠮ ᠪᠦᠷ ᠭᠠᠭᠴᠠᠭᠠᠷᠳᠠᠭᠤᠯᠤᠨ᠎ᠠ᠃ᠠᠷᠪᠠᠨ ᠨᠠᠰᠤᠲᠠᠢ ᠲᠤᠯᠤᠢ ᠬᠥᠪᠡᠭᠦᠨ ᠨᠢ ᠬᠦᠷᠲᠡᠯ᠎ᠡ ᠪᠠᠢᠯᠳᠤᠨ ᠳᠠᠢᠳᠤᠬᠤ ᠡᠴᠡ ᠥᠭᠡᠷ᠎ᠡ ᠲᠣᠭᠯᠠᠭᠠᠮ᠂ ᠦᠭᠡ ᠮᠡᠳᠡᠬᠦ ᠦᠭᠡᠢ ᠪᠣᠯᠵᠠᠢ᠃ᠪᠠᠰᠠ ᠳᠡᠭᠡᠷ᠎ᠡ ᠨᠢ ᠴᠣᠳᠤᠨ ᠡᠵᠢ ᠨᠢ ᠲᠠᠭᠠᠯᠠᠯ ᠲᠡᠭᠦᠰᠴᠦ ᠪᠥᠷᠲᠡ ᠶ᠋ᠢ ᠤᠯᠠᠮ ᠴᠤ᠌ ᠰᠢᠨᠠᠯᠭᠠᠵᠤ᠂ ᠰᠡᠳᠬᠢᠯ ᠳᠣᠲᠣᠷ᠎ᠠ ᠶ᠋ᠢ ᠨᠢ ᠬᠣᠭᠣᠰᠣᠷᠠᠭᠤᠯᠵᠠᠢ᠃ᠬᠠᠢᠷᠠᠲᠠᠢ ᠡᠴᠢᠭᠡ ᠡᠬᠡ᠂ ᠲᠠᠨᠢᠯ ᠳᠠᠰᠤᠯ ᠪᠣᠯᠤᠭᠰᠠᠨ ᠠᠢᠮᠠᠭ᠂ ᠨᠤᠲᠤᠭ ᠢ᠋ᠶ᠋ᠠᠨ ᠣᠷᠬᠢᠨ ᠲᠡᠮᠦᠵᠢᠨ ᠢ᠋ ᠡᠷᠡᠭᠡᠯᠵᠡᠭᠡ ᠦᠭᠡᠢ ᠳᠠᠭᠠᠭᠰᠠᠨ ᠠᠮᠢᠳᠤᠷᠠᠯ ᠨᠢ ᠵᠠᠷᠢᠮ ᠳ᠋ᠠᠭᠠᠨ ᠪᠥᠷᠲᠡ ᠳ᠋ᠦ᠍ ᠲᠡᠪᠴᠢᠨ ᠥᠩᠭᠡᠷᠡᠭᠡᠬᠦ ᠶ᠋ᠢᠨ ᠠᠷᠭ᠎ᠠ ᠦᠭᠡᠢ ᠬᠦᠨᠳᠦ ᠪᠡᠷᠬᠡ᠂ ᠵᠣᠪᠠᠯᠠᠩ ᠲᠠᠢ ᠪᠠᠢᠭᠰᠠᠨ ᠴᠤ᠌ ᠣᠳᠣ ᠲᠡᠭᠦᠨ ᠳ᠋ᠦ᠍ ᠬᠠᠷᠠᠮᠰᠠᠬᠤ ᠶᠠᠪᠤᠳᠠᠯ ᠨᠢᠭᠡᠨᠲᠡ ᠦᠭᠡᠢ ᠪᠣᠯᠵᠠᠢ᠃ᠬᠠᠷᠢᠨ ᠴᠤ᠌ ᠲᠡᠮᠦᠵᠢᠨ ᠦ᠌ ᠳᠡᠷᠭᠡᠳᠡ ᠪᠡᠨ ᠦᠯᠡᠳᠡᠭᠡᠭᠰᠡᠨ ᠳ᠋ᠦ᠍ᠨᠢ ᠲᠩᠷᠢ ᠳ᠋ᠦ᠍ ᠲᠠᠯᠠᠷᠬᠠᠨ ᠮᠥᠷᠭᠥᠳᠡᠭ ᠪᠠᠢᠪᠠ᠃ᠦᠨᠡᠬᠡᠷ ᠲᠡᠮᠦᠵᠢᠨ ᠶᠢᠰᠦᠨ ᠨᠠᠰᠤᠲᠠᠢ ᠳ᠋ᠠᠭᠠᠨ ᠳ᠋ᠠᠢ ᠰᠡᠴᠡᠨ ᠦ᠌ ᠳ᠋ᠦ᠍ ᠣᠴᠢᠭᠰᠠᠨ ᠨᠢ ᠲᠩᠷᠢ ᠶ᠋ᠢᠨ ᠵᠠᠷᠯᠢᠭ ᠪᠠᠢᠭᠰᠠᠨ ᠭᠡᠳᠡᠭ ᠲᠦ᠍ ᠪᠥᠷᠲᠡ ᠢᠲᠡᠭᠡᠬᠦ ᠪᠣᠯᠵᠠᠢ᠃
ᠵᠥᠴᠢ ᠬᠥᠪᠡᠭᠦᠨ ᠳ᠋ᠡᠭᠡᠨ ᠮᠢᠩᠭᠠᠨ ᠰᠢᠯᠢᠳᠡᠭ ᠴᠡᠷᠢᠭ ᠵᠠᠬᠢᠷᠤᠭᠤᠯᠵᠤ᠂ ᠳᠡᠷᠭᠡᠳᠡ ᠨᠢ ᠳᠠᠢᠰᠤᠨ ᠢ᠋ ᠢᠯᠠᠬᠤ ᠤᠬᠠᠭᠠᠨ ᠳ᠋ᠤ᠌ ᠨᠡᠪᠲᠡᠷᠬᠡᠢ ᠰᠤᠷᠤᠯᠴᠠᠭᠰᠠᠨ ᠭᠠᠷᠮᠠᠭᠠᠢ ᠪᠠᠭᠠᠲᠤᠷ ᠰᠦᠪᠡᠭᠡᠳᠡᠢ ᠶ᠋ᠢ ᠳᠠᠭᠠᠭᠤᠯᠬᠤ ᠪᠠᠷ ᠪᠣᠯᠤᠭᠰᠠᠨ ᠢ᠋ᠶ᠋ᠠᠨ ᠪᠥᠷᠲᠡ ᠳ᠋ᠦ᠍ ᠬᠡᠯᠡᠬᠦ ᠳ᠋ᠦ᠍ ᠦᠨᠡᠨ ᠬᠦ᠌ ᠪᠠᠬᠠᠷᠬᠠᠯᠲᠠᠢ ᠪᠠᠢᠯ᠎ᠠ᠃ᠲᠡᠭᠦᠨ ᠢ᠋ ᠢᠩᠭᠢᠵᠦ ᠵᠥᠴᠢ ᠳ᠋ᠦ᠍ ᠥᠭᠭᠢᠶᠡᠮᠦᠷ ᠬᠠᠨᠳᠤᠭᠰᠠᠨ ᠳ᠋ᠤ᠌ ᠪᠥᠷᠲᠡ ᠬᠢᠵᠠᠭᠠᠷ ᠦᠭᠡᠢ ᠪᠠᠶᠠᠷᠯᠠᠨ᠎ᠠ ᠭᠡᠵᠦ ᠲᠡᠮᠦᠵᠢᠨ ᠪᠣᠳᠣᠵᠤ ᠪᠠᠢᠪᠠ᠃ᠪᠥᠷᠲᠡ ᠶ᠋ᠢ ᠪᠠᠶᠠᠷᠯᠠᠭᠤᠯᠬᠤ ᠰᠠᠨ ᠭᠡᠵᠦ ᠲᠡᠮᠦᠵᠢᠨ ᠦᠨᠡᠬᠡᠷ ᠬᠦᠰᠡᠵᠡᠢ᠃ᠲᠡᠢᠮᠦ ᠤᠴᠢᠷ ᠡᠴᠡ ᠲᠡᠮᠦᠵᠢᠨ ᠵᠠᠯᠠᠭᠤ ᠬᠠᠲᠤᠨ ᠶᠢᠰᠦᠬᠡᠨ ᠢ᠋ᠶ᠋ᠡᠨ ᠦᠯᠦ ᠠᠩᠵᠠᠭᠠᠷᠠᠨ ᠪᠥᠷᠲᠡ ᠬᠠᠲᠤᠨ ᠢ᠋ᠶ᠋ᠠᠨ ᠬᠠᠨᠲᠠᠯ᠎ᠠ ᠴᠡᠩᠭᠡᠭᠦᠯᠵᠦ ᠲᠡᠷᠡ ᠰᠥᠨᠢ ᠪᠥᠷᠲᠡ ᠳᠠᠷᠤᠢ ᠳᠥᠷᠪᠡᠨ ᠤᠳᠠᠭ᠎ᠠ ᠤᠬᠠᠭᠠᠨ ᠠᠯᠳᠠᠵᠠᠢ᠃
ᠮᠠᠷᠭᠠᠰᠢ ᠨᠢ ᠲᠠᠢᠴᠢᠭᠤᠳ ᠢ᠋ ᠳᠠᠢᠯᠠᠬᠤ ᠶᠡᠬᠡ ᠴᠡᠷᠢᠭ ᠬᠠᠭᠤᠷᠠᠢ ᠲᠩᠷᠢ ᠳ᠋ᠦ᠍ ᠰᠢᠷᠣᠢ ᠶ᠋ᠢᠨ ᠠᠭᠤᠯᠠ ᠪᠣᠰᠬᠠᠨ ᠬᠥᠳᠡᠯᠪᠡ᠃ᠵᠥᠴᠢ ᠶ᠋ᠢ ᠮᠢᠩᠭᠠᠨ ᠴᠡᠷᠢᠭ ᠦ᠋ᠨ ᠢ᠋ᠶ᠋ᠡᠨ ᠡᠮᠦᠨ᠎ᠡ ᠪᠠᠶᠠᠷᠲᠠᠢ ᠪᠠᠷ ᠣᠳᠤᠭᠰᠠᠨ ᠲᠡᠷᠡ ᠡᠳᠦᠷ ᠦ᠋ᠨ ᠰᠥᠨᠢ ᠪᠥᠷᠲᠡ ᠣᠪᠣᠭᠠᠨ ᠳ᠋ᠤ᠌ ᠭᠠᠷᠴᠤ ᠲᠩᠷᠢ ᠳ᠋ᠦ᠍ ᠮᠥᠷᠭᠥᠪᠡ᠃
—ᠲᠩᠷᠢ ᠮᠢᠨᠢ᠃ᠨᠠᠮᠠᠶ᠋ᠢ ᠥᠷᠥᠰᠢᠶᠡ᠃ᠪᠢ ᠬᠥᠪᠡᠭᠦᠨ ᠢ᠋ᠶ᠋ᠡᠨ ᠦᠬᠦᠯ ᠳ᠋ᠦ᠍ ᠬᠠᠶᠠᠵᠤ ᠥᠭᠭᠦᠯ᠎ᠡ᠃ᠵᠥᠴᠢ ᠪᠣᠯ ᠮᠢᠨᠦ ᠵᠣᠪᠠᠯᠠᠩ ᠡᠴᠡ ᠲᠥᠷᠥᠭᠰᠡᠨ ᠦᠷ᠎ᠡ ᠮᠢᠨᠢ ᠶᠤᠮ᠃ᠲᠡᠭᠦᠨ ᠢ᠋ ᠮᠢᠨᠢ ᠠᠮᠢᠳᠤ ᠪᠤᠴᠠᠭᠠᠨ ᠢᠷᠡᠭᠦᠯᠦᠭᠡᠴᠢ ᠭᠡᠵᠦ ᠤᠬᠢᠯᠠᠨ ᠭᠤᠶᠤᠪᠠ᠃ᠵᠥᠴᠢ ᠶ᠋ᠢ ᠦᠬᠦᠭᠦᠯᠬᠦ ᠨᠢ ᠭᠠᠭᠴᠠ ᠲᠡᠭᠦᠨ ᠦ᠌ ᠴᠦ᠍  ᠪᠢᠰᠢ᠂ᠴᠢᠩᠭᠢᠰ ᠬᠠᠭᠠᠨ ᠤ᠋ ᠵᠣᠪᠠᠯᠠᠩ ᠢ᠋ ᠨᠢᠮᠭᠡᠯᠡᠨ᠎ᠡ ᠭᠡᠵᠦ ᠪᠥᠷᠲᠡ ᠪᠠᠲᠤ ᠢᠲᠡᠭᠡᠵᠦ ᠪᠠᠢᠪᠠ᠃ᠬᠥᠪᠡᠭᠦᠳ ᠨᠢ ᠬᠣᠭᠣᠷᠣᠨᠳᠣ ᠪᠠᠨ ᠠᠯᠠᠯᠳᠤᠭᠰᠠᠨ ᠳ᠋ᠤ᠌ ᠣᠷᠣᠪᠠᠯ ᠵᠥᠴᠢ ᠦᠬᠦᠭᠰᠡᠨ ᠨᠢ ᠳᠡᠭᠡᠷ᠎ᠡ ᠶᠤᠮ᠃ᠵᠥᠴᠢ ᠳ᠋ᠦ᠍ ᠮᠢᠩᠭᠠᠨ ᠰᠢᠯᠢᠳᠡᠭ ᠴᠡᠷᠢᠭ ᠵᠠᠬᠢᠷᠤᠭᠤᠯᠵᠤ᠂ ᠰᠥᠪᠡᠭᠡᠲᠠᠢ ᠶ᠋ᠢ ᠳᠠᠭᠠᠭᠤᠯᠤᠭᠰᠠᠨ ᠨᠢ ᠵᠥᠪᠬᠡᠨ ᠲᠡᠭᠦᠨ ᠢ᠋ ᠲᠠᠢᠪᠤᠰᠢᠷᠠᠭᠤᠯᠬᠤ ᠭᠡᠰᠡᠨ ᠲᠡᠮᠦᠵᠢᠨ ᠦ᠌ ᠠᠷᠭ᠎ᠠ ᠭᠡᠵᠦ ᠪᠥᠷᠲᠡ ᠪᠣᠳᠣᠵᠠᠢ᠃ᠴᠢᠩᠬᠢᠭᠳ ᠰᠢᠢᠳᠪᠦᠷᠢ ᠡᠴᠡ ᠪᠡᠨ ᠤᠬᠤᠷᠢᠬᠤ ᠬᠦᠰᠡᠯ ᠲᠥᠷᠥᠵᠦ ᠲᠡᠭᠦᠨ ᠢ᠋ ᠪᠡᠨ ᠬᠡᠯᠡᠮᠡᠷ ᠰᠠᠨᠠᠭᠳᠠᠨ ᠠᠮᠠᠨ ᠳᠡᠭᠡᠷ᠎ᠡ ᠨᠢ ᠭᠠᠷᠴᠤ ᠢᠷᠡᠭᠰᠡᠨ ᠴᠦ᠍ ᠳᠡᠷᠭᠡᠳᠡ ᠬᠡᠪᠲᠡᠬᠦ ᠶᠢᠰᠦᠬᠡᠨ ᠬᠠᠲᠤᠨ ᠡᠴᠡ ᠪᠣᠯᠤᠭᠠᠳ ᠲᠡᠪᠴᠢᠵᠡᠢ᠃ᠪᠡᠶ᠎ᠡ ᠰᠡᠳᠬᠢᠯ ᠢ᠋ᠶ᠋ᠡᠨ ᠪᠠᠷᠠᠵᠤ ᠬᠠᠮᠠᠭᠠᠯᠠᠨ ᠥᠰᠬᠡᠭᠰᠡᠨ ᠠᠮᠢᠨ ᠦᠷ᠎ᠡ ᠪᠡᠨ ᠦᠬᠦᠭᠦᠯᠬᠦ ᠡᠴᠡ ᠥᠭᠡᠷ᠎ᠡ ᠠᠷᠭ᠎ᠠ ᠦᠭᠡᠢ ᠪᠣᠯᠤᠨ᠎ᠠ ᠭᠡᠵᠦ ᠪᠥᠷᠲᠡ ᠳᠠᠩᠴᠤ ᠰᠠᠨᠠᠭᠰᠠᠨ ᠦᠭᠡᠢ ᠪᠢᠯᠡ᠃ᠵᠥᠴᠢ ᠶ᠋ᠢ ᠦᠬᠦᠭᠦᠯᠬᠦ ᠨᠢ ᠬᠠᠢᠷᠠᠲᠠᠢ ᠦᠷ᠎ᠡ ᠪᠡᠨ ᠵᠣᠪᠠᠯᠠᠩ ᠡᠴᠡ ᠰᠠᠯᠭᠠᠭᠰᠠᠨ ᠬᠡᠷᠡᠭ ᠪᠣᠯᠤᠨ᠎ᠠ ᠭᠡᠵᠦ ᠪᠥᠷᠲᠡ ᠦᠨᠡᠨ ᠰᠡᠳᠬᠢᠯ ᠡᠴᠡ ᠪᠣᠳᠣᠵᠠᠢ᠃ᠬᠡᠷᠪᠡ ᠵᠥᠴᠢ ᠴᠠᠭᠠᠲᠠᠢ ᠬᠣᠶᠠᠷ ᠤ᠋ᠨ ᠵᠥᠷᠢᠴᠡᠯ ᠬᠡᠷᠡᠭᠦᠯ ᠭᠦᠨᠵᠡᠭᠡᠢᠷᠡᠭᠰᠡᠭᠡᠷ ᠪᠠᠢᠪᠠᠯ ᠲᠡᠮᠦᠵᠢᠨ ᠵᠥᠴᠢ ᠶ᠋ᠢ ᠬᠦᠰᠡᠭᠰᠡᠨ ᠬᠦᠰᠡᠭᠡ ᠦᠭᠡᠢ ᠠᠯᠠᠬᠤ ᠪᠣᠯᠤᠨ᠎ᠠ ᠭᠡᠳᠡᠭ ᠲᠦ᠍ ᠪᠥᠷᠲᠡ ᠢᠲᠡᠭᠡᠨ᠎ᠡ᠃ᠪᠥᠷᠲᠡ ᠲᠡᠮᠦᠵᠢᠨ ᠢ᠋ ᠢᠩᠭᠢᠵᠦ ᠵᠣᠪᠠᠭᠠᠬᠤ ᠶ᠋ᠢ ᠬᠦᠰᠡᠬᠦ ᠦᠭᠡᠢ ᠪᠠᠢᠯ᠎ᠠ᠃ᠲᠡᠮᠦᠵᠢᠨ ᠴᠦ᠍᠂ ᠪᠥᠷᠲᠡ ᠴᠦ᠍ ᠴᠠᠭᠠᠲᠠᠢ ᠬᠥᠪᠡᠭᠦᠨ ᠨᠢ ᠡᠴᠢᠭᠡ ᠶ᠋ᠢ ᠪᠡᠨ ᠵᠠᠯᠭᠠᠮᠵᠢᠯᠠᠬᠤ ᠶᠣᠰᠣᠲᠠᠢ ᠶ᠋ᠢ ᠵᠥᠪᠰᠢᠶᠡᠷᠡᠳᠡᠭ ᠪᠠᠢᠪᠠ᠃ᠬᠠᠷᠢᠨ ᠡᠳᠦᠷ ᠡᠴᠡ ᠡᠳᠦᠷ ᠲᠦ᠍ ᠤᠬᠠᠭᠠᠨ ᠰᠠᠭᠤᠨ ᠥᠪᠡᠷ ᠲᠡᠭᠡᠨ ᠢᠲᠡᠭᠡᠯᠲᠡᠢ ᠪᠣᠯᠵᠤ ᠲᠡᠮᠦᠵᠢᠨ ᠳ᠋ᠦ᠍ ᠲᠣᠭᠣᠭᠳᠠᠭᠰᠠᠭᠠᠷ ᠪᠠᠢᠭ᠎ᠠ ᠵᠥᠴᠢ᠂ ᠣᠯᠠᠨ ᠳ᠋ᠤ᠌ ᠵᠥᠪᠰᠢᠶᠡᠷᠡᠭᠳᠡᠭᠰᠡᠨ ᠠᠬᠠᠮᠠᠳ ᠬᠥᠪᠡᠭᠦᠨ ᠦ᠌ ᠪᠡᠨ ᠪᠠᠢᠷᠢ ᠰᠠᠭᠤᠷᠢ ᠶ᠋ᠢ ᠴᠠᠭᠠᠲᠠᠢ ᠳ᠋ᠤ᠌ ᠲᠡᠢᠮᠦ ᠠᠮᠠᠷ ᠲᠠᠯᠪᠢᠵᠤ ᠥᠭᠬᠦ ᠦᠭᠡᠢ ᠪᠣᠯᠬᠤ ᠶ᠋ᠢ ᠪᠥᠷᠲᠡ ᠡᠴᠡ ᠥᠭᠡᠷ᠎ᠡ ᠬᠡᠨ ᠴᠦ᠍ ᠭᠦᠨᠵᠡᠭᠡᠢ ᠲᠠᠭᠠᠮᠠᠭᠯᠠᠭ᠎ᠠ ᠦᠭᠡᠢ ᠪᠢᠯᠡ᠃ᠲᠡᠮᠦᠵᠢᠨ ᠦ᠌ ᠡᠷᠦᠬᠡ ᠭᠡᠷ ᠦ᠋ᠨ ᠲᠠᠢᠪᠤᠩ ᠠᠮᠢᠳᠤᠷᠠᠯ ᠤ᠋ᠨ ᠲᠥᠯᠥᠭᠡ᠂ ᠴᠠᠭᠠᠲᠠᠢ ᠬᠥᠪᠡᠭᠦᠨ ᠦ᠌ ᠪᠡᠨ ᠢᠷᠡᠭᠡᠳᠦᠢ ᠶ᠋ᠢᠨ ᠡᠷᠬᠡ ᠮᠠᠲᠠᠯ ᠤ᠋ᠨ ᠲᠥᠯᠥᠭᠡ᠂ ᠴᠢᠩᠭᠢᠰ ᠬᠠᠭᠠᠨ ᠤ᠋ ᠶᠡᠬᠡ ᠨᠡᠷ᠎ᠡ ᠰᠦᠷ ᠢ᠋ ᠰᠠᠢᠨ ᠢ᠋ᠶ᠋ᠠᠷ ᠳᠠᠭᠤᠷᠢᠰᠬᠠᠬᠤ ᠶ᠋ᠢᠨ ᠲᠥᠯᠥᠭᠡ ᠪᠥᠷᠲᠡ ᠶᠠᠮᠠᠷ ᠨᠢᠭᠡᠨ ᠵᠦᠢᠯ ᠬᠢᠬᠦ ᠶᠣᠰᠣᠲᠠᠢ ᠪᠠᠨ ᠤᠬᠠᠭᠠᠷᠠᠵᠤ ᠪᠠᠢᠪᠠ᠃ᠡᠢᠮᠦ ᠦᠶ᠎ᠡ ᠳ᠋ᠦ᠍ ᠬᠠᠮᠤᠭ ᠤ᠋ᠨ ᠰᠠᠢᠨ ᠠᠷᠭ᠎ᠠ ᠨᠢ ᠵᠥᠴᠢ ᠶ᠋ᠢ ᠬᠡᠯᠡ ᠠᠮᠠ ᠦᠭᠡᠢ᠂ ᠦᠬᠦᠭᠦᠯᠬᠦ ᠶᠠᠪᠤᠳᠠᠯ ᠭᠡᠵᠦ ᠦᠵᠡᠵᠡᠢ᠃ᠡᠭᠦᠨ ᠢ᠋ ᠭᠠᠭᠴᠠᠬᠠᠨ ᠪᠥᠷᠲᠡ ᠯᠡ ᠬᠢᠵᠦ ᠴᠢᠳᠠᠬᠤ ᠪᠢᠯᠡ᠃ᠤᠴᠢᠷ ᠨᠢ ᠡᠨᠡ ᠭᠠᠵᠠᠷ ᠳᠡᠭᠡᠷ᠎ᠡ ᠵᠥᠴᠢ ᠶ᠋ᠢᠨ ᠠᠮᠢ ᠶ᠋ᠢ ᠮᠡᠳᠡᠬᠦ ᠴᠣᠷ ᠤ᠋ᠨ ᠭᠠᠭᠴᠠ ᠬᠥᠮᠦᠨ ᠪᠣᠯ ᠪᠥᠷᠲᠡ ᠶᠤᠮ᠃ᠵᠥᠴᠢ ᠬᠡᠮᠡᠬᠦ ᠡᠨᠡ ᠠᠵᠠ ᠦᠭᠡᠢ ᠬᠥᠪᠡᠭᠦᠨ ᠠᠮᠢᠳᠤᠷᠠᠬᠤ ᠬᠤᠭᠤᠴᠠᠭ᠎ᠠ ᠨᠢ ᠳᠠᠭᠤᠰᠤᠭᠰᠠᠨ ᠪᠣᠯ ᠦᠢᠯᠡ ᠶ᠋ᠢᠨ ᠦᠷ᠎ᠡ ᠪᠡᠨ ᠳᠠᠭᠠᠬᠤ ᠡᠴᠡ ᠥᠭᠡᠷ᠎ᠡ ᠶᠠᠭᠠᠬᠢᠯᠲᠠᠢ ᠪᠢᠯᠡ ᠭᠡᠵᠦ ᠪᠥᠷᠲᠡ ᠰᠢᠢᠳᠴᠡᠢ᠃ᠭᠡᠪᠡᠴᠦ ᠪᠡᠶ᠎ᠡ ᠪᠡᠨ ᠤᠷᠠᠵᠤ᠂ ᠴᠢᠰᠤ ᠪᠠᠨ ᠤᠷᠤᠰᠬᠠᠵᠤ ᠲᠥᠷᠥᠭᠦᠯᠦᠭᠰᠡᠨ ᠬᠠᠮᠤᠭ ᠤ᠋ᠨ ᠬᠠᠢᠷᠠᠲᠠᠢ ᠭᠠᠭᠴᠠ ᠦᠷ᠎ᠡ  ᠪᠡᠨ ᠦᠬᠦᠭᠦᠯᠦᠨ᠎ᠡ ᠭᠡᠬᠦ ᠡᠴᠡ ᠪᠥᠷᠲᠡ ᠶ᠋ᠢᠨ ᠭᠣᠣᠯ ᠲᠠᠰᠤᠷᠠᠵᠤ ᠪᠠᠢᠪᠠ᠃ᠪᠣᠯᠳᠠᠭ ᠰᠠᠨ ᠪᠣᠯ ᠬᠥᠪᠡᠭᠦᠨ ᠦ᠌ ᠪᠡᠨ ᠡᠮᠦᠨ᠎ᠡ ᠡᠴᠡ ᠥᠪᠡᠷ ᠢ᠋ᠶ᠋ᠡᠨ ᠦᠬᠦᠮᠡᠷ ᠪᠣᠯᠳᠠᠭ ᠪᠠᠢᠯ᠎ᠠ ᠴᠤ᠌ ᠪᠥᠷᠲᠡ ᠴᠠᠭᠠᠲᠠᠢ᠂ ᠥᠭᠡᠳᠡᠢ᠂ ᠲᠤᠯᠤᠢ ᠬᠥᠪᠡᠭᠦᠳ ᠢ᠋ᠶ᠋ᠡᠨ ᠣᠷᠬᠢᠭᠠᠳ ᠦᠬᠦᠵᠦ ᠴᠢᠳᠠᠨ᠎ᠠ ᠭᠡᠵᠦ ᠤᠤ? ᠪᠠᠰᠠ ᠲᠡᠷᠡ ᠳᠠᠬᠢᠭᠠᠳ ᠪᠡᠶ᠎ᠡ ᠳᠠᠪᠬᠤᠷ ᠪᠣᠯᠤᠭᠰᠠᠨ ᠪᠠᠢᠪᠠ᠃ᠭᠡᠪᠡᠴᠦ ᠪᠥᠷᠲᠡ ᠳᠣᠲᠣᠷ᠎ᠠ ᠪᠠᠨ ᠵᠥᠴᠢ ᠪᠡᠨ ᠠᠮᠢᠳᠤ ᠡᠷᠭᠢᠭᠡᠳ ᠢᠷᠡᠭᠡᠰᠡᠢ ᠭᠡᠵᠦ ᠭᠣᠣᠯ ᠢ᠋ᠶ᠋ᠠᠨ ᠲᠠᠰᠤᠷᠠᠲᠠᠯ᠎ᠠ ᠬᠦᠰᠡᠨ᠎ᠡ᠃ᠬᠠᠷᠢᠨ ᠡᠨᠡ ᠤᠳᠠᠭ᠎ᠠ ᠳ᠋ᠤ᠌ ᠲᠡᠮᠦᠵᠢᠨ ᠵᠥᠴᠢ ᠶ᠋ᠢ ᠶᠠᠭᠠᠬᠢᠪᠠᠴᠤ ᠠᠮᠢᠳᠤ ᠦᠯᠡᠳᠡᠭᠡᠬᠦ ᠦᠭᠡᠢ ᠪᠢᠵᠡ ᠭᠡᠵᠦ ᠪᠣᠳᠣᠵᠠᠢ᠃ᠤᠴᠢᠷ ᠨᠢ ᠵᠥᠴᠢ ᠬᠥᠪᠡᠭᠦᠨ ᠢ᠋ᠶ᠋ᠡᠨ ᠦᠬᠦᠭᠦᠯᠬᠦ ᠶ᠋ᠢ ᠪᠥᠷᠲᠡ ᠵᠥᠪᠰᠢᠶᠡᠷᠡᠭᠰᠡᠨ ᠪᠢᠯᠡ᠃ᠢᠩᠭᠢᠬᠦ ᠨᠢ ᠲᠡᠮᠦᠵᠢᠨ ᠳ᠋ᠦ᠍ ᠠᠮᠠᠷ ᠶᠤᠮ᠃ᠵᠥᠴᠢ ᠶ᠋ᠢ ᠦᠬᠦᠪᠡᠯ ᠲᠡᠮᠦᠵᠢᠨ ᠢ᠋ ᠬᠡᠵᠢᠶ᠎ᠡ ᠴᠦ᠍ ᠪᠤᠷᠤᠭᠤᠳᠬᠠᠬᠤ ᠦᠭᠡᠢ ᠭᠡᠵᠦ ᠪᠥᠷᠲᠡ ᠨᠢᠭᠡᠨᠲᠡ ᠰᠢᠢᠳᠦᠭᠰᠡᠨ ᠪᠠᠢᠪᠠ᠃
— ᠵᠥᠴᠢ ᠬᠥᠪᠡᠭᠦᠨ ᠢ᠋ ᠮᠢᠨᠢ ᠠᠮᠢᠳᠤ ᠢᠷᠡᠭᠦᠯᠦᠭᠡᠴᠢ᠃ᠪᠢ ᠭᠤᠶᠤᠶ᠎ᠠ ᠭᠡᠵᠦ ᠪᠥᠷᠲᠡ ᠥᠪᠡᠷ ᠦ᠋ᠨ ᠰᠢᠢᠳᠪᠦᠷᠢ᠂ ᠬᠦᠰᠡᠯ ᠦ᠋ᠨ ᠡᠰᠡᠷᠭᠦ ᠲᠡᠭᠷᠢ ᠡᠴᠡ ᠭᠤᠶᠤᠵᠤ ᠰᠥᠨᠢᠵᠢᠨ ᠮᠥᠷᠭᠥᠪᠡ᠃ᠪᠥᠷᠲᠡ ᠶ᠋ᠢᠨ ᠰᠡᠳᠬᠢᠯ ᠬᠣᠶᠠᠷ ᠬᠤᠪᠢᠶᠠᠭᠳᠠᠭᠠᠳ ᠤᠴᠢᠷ ᠢ᠋ᠶ᠋ᠠᠨ ᠣᠯᠬᠤ ᠪᠠᠨ ᠪᠣᠯᠢᠵᠠᠢ᠃ᠵᠥᠴᠢ ᠬᠥᠪᠡᠭᠦᠨ ᠢ᠋ᠶ᠋ᠡᠨ ᠦᠬᠦᠪᠡᠯ ᠭᠠᠭᠴᠠᠬᠠᠨ ᠥᠪᠡᠷ ᠢ᠋ ᠪᠡᠨ ᠪᠤᠷᠤᠭᠤᠳᠬᠠᠨ᠎ᠠ ᠭᠡᠵᠦ ᠪᠠᠲᠤ ᠰᠢᠢᠳᠦᠭᠰᠡᠨ ᠲᠡᠭᠷᠢ ᠶ᠋ᠢᠨ ᠵᠠᠷᠯᠢᠭ ᠢ᠋ ᠳᠤᠭᠤᠯᠭᠠᠪᠤᠷᠢᠲᠠᠢ ᠬᠦᠯᠢᠶᠡᠪᠡ᠃ᠬᠠᠷᠢᠨ ᠡᠨᠡ ᠤᠳᠠᠭ᠎ᠠ ᠲᠡᠭᠷᠢ ᠲᠡᠭᠦᠨ ᠦ᠌ ᠦᠭᠡ ᠶ᠋ᠢ ᠰᠣᠨᠣᠰᠴᠠᠢ᠃ᠪᠣᠷᠵᠢᠭᠢᠨ ᠠᠢᠮᠠᠭ ᠤ᠋ᠨ ᠮᠥᠩᠬᠡ ᠶ᠋ᠢᠨ ᠥᠷᠢᠰᠦᠯᠳᠦᠭᠴᠢ ᠲᠠᠢᠴᠢᠭᠤᠳ ᠳᠠᠷᠤᠭᠳᠠᠨ ᠰᠥᠨᠥᠪᠡ᠃ᠲᠠᠢᠴᠢᠭᠤᠳ ᠲᠠᠢ ᠲᠤᠯᠤᠯᠳᠤᠬᠤ ᠪᠠᠷ ᠮᠣᠷᠳᠠᠭᠰᠠᠨ ᠡᠴᠡ ᠬᠣᠢᠰᠢ ᠬᠡᠳᠦᠨ ᠰᠠᠷ᠎ᠠ ᠥᠩᠭᠡᠷᠡᠭᠰᠡᠨ ᠦ᠌ ᠬᠣᠢᠨ᠎ᠠ ᠨᠢᠭᠡᠨ ᠡᠳᠦᠷ ᠴᠢᠷᠠᠢ ᠨᠢ ᠬᠠᠷᠠᠯᠠᠵᠤ ᠪᠠᠢᠷᠠᠭᠤᠰᠢᠨ ᠪᠦᠳᠦᠭᠦᠷᠡᠵᠦ᠂ᠬᠠᠷᠠᠴᠠ ᠨᠢ ᠢᠲᠡᠭᠡᠯᠲᠡᠢ ᠭᠡᠷᠡᠯᠲᠦᠭᠰᠡᠨ ᠵᠥᠴᠢ ᠬᠥᠪᠡᠭᠦᠨ ᠢ᠋ᠶ᠋ᠡᠨ ᠴᠡᠷᠢᠭ ᠦ᠋ᠨ ᠮᠠᠩᠯᠠᠢ ᠳ᠋ᠤ᠌ ᠢᠷᠡᠬᠦ ᠶ᠋ᠢ ᠦᠵᠡᠭᠡᠳ ᠪᠥᠷᠲᠡ ᠨᠢᠳᠦᠨ ᠳ᠋ᠡᠭᠡᠨ ᠢᠲᠡᠭᠡᠭᠰᠡᠨ ᠦᠭᠡᠢ᠃
ᠲᠡᠷᠡ ᠵᠥᠴᠢ ᠠᠬ᠎ᠠ ᠭᠡᠵᠦ ᠲᠤᠯᠤᠢ ᠶ᠋ᠢᠨ ᠬᠠᠰᠬᠢᠷᠬᠤ ᠶ᠋ᠢ ᠰᠣᠨᠣᠰᠤᠭᠠᠳ ᠮᠠᠭᠤᠵᠢᠷᠠᠨ ᠤᠨᠠᠵᠤ ᠳᠡᠷᠭᠡᠳᠡ ᠪᠠᠢᠭᠰᠠᠨ ᠥᠬᠢᠳ ᠬᠡᠦᠬᠡᠳ ᠦ᠋ᠳ ᠢ᠋ᠶ᠋ᠡᠨ ᠰᠠᠨᠳᠤᠷᠭᠠᠭᠰᠠᠨ ᠪᠢᠯᠡ᠃ᠡᠨᠡ ᠶᠠᠪᠤᠳᠠᠯ ᠡᠴᠡ ᠡᠭᠦᠳᠦᠨ ᠴᠢᠩᠭᠢᠰ ᠬᠠᠭᠠᠨ ᠵᠥᠴᠢ ᠬᠥᠪᠡᠭᠦᠨ ᠢ᠋ ᠥᠷᠥᠰᠢᠶᠡᠵᠡᠢ ᠭᠡᠵᠦ ᠪᠥᠷᠲᠡ ᠢᠲᠡᠭᠡᠪᠡ᠃ᠲᠡᠭᠡᠭᠡᠳ ᠣᠷᠣᠢ ᠨᠢ ᠭᠡᠷ ᠲᠡᠭᠡᠨ ᠵᠥᠴᠢ ᠶ᠋ᠢ ᠡᠮᠦᠨ᠎ᠡ ᠪᠡᠨ ᠰᠥᠬᠦᠷᠡᠭᠦᠯᠵᠦ ᠪᠠᠢᠭᠠᠳ 
— ᠵᠥᠴᠢ᠃ᠬᠥᠪᠡᠭᠦᠨ ᠮᠢᠨᠢ ᠰᠣᠨᠣᠰ᠃ᠴᠢᠨᠦ ᠠᠮᠢ ᠨᠠᠰᠤ ᠶ᠋ᠢ ᠰᠣᠶᠣᠷᠬᠠᠵᠤ ᠦᠭᠭᠦᠭᠰᠡᠨ ᠬᠥᠮᠦᠨ ᠪᠣᠯ ᠴᠢᠩᠭᠢᠰ ᠬᠠᠭᠠᠨ ᠡᠴᠢᠭᠡ ᠴᠢᠨᠢ ᠶᠦ᠍ᠮ᠃ᠴᠢᠨᠦ ᠠᠮᠢ ᠴᠢᠩᠭᠢᠰ ᠬᠠᠭᠠᠨ ᠡᠴᠢᠭᠡ ᠶ᠋ᠢᠨ ᠴᠢᠨᠢ ᠭᠠᠷ ᠲᠤ᠌ ᠪᠣᠢ᠃ᠴᠢᠩᠭᠢᠰ ᠬᠠᠭᠠᠨ ᠡᠴᠢᠭᠡ ᠴᠢᠨᠢ ᠴᠢᠮᠠᠶ᠋ᠢ ᠬᠡᠵᠢᠶ᠎ᠡ ᠦᠬᠦ ᠭᠡᠪᠡᠯ ᠲᠡᠷᠡ ᠴᠠᠭ ᠲᠤ᠌ ᠦᠭᠡ ᠳᠠᠭᠤ ᠦᠭᠡᠢ ᠦᠬᠦᠭᠡᠷᠡᠢ᠃ᠴᠠᠭᠠᠲᠠᠢ ᠲᠠᠢ ᠪᠤᠤ ᠥᠷᠢᠰᠦᠯᠳᠦ᠂ ᠪᠤᠤ ᠬᠡᠮᠯᠡᠯᠳᠦ᠃ᠴᠢᠩᠭᠢᠰ ᠬᠠᠭᠠᠨ ᠡᠴᠢᠭᠡ ᠶ᠋ᠢᠨ ᠢ᠋ᠶ᠋ᠡᠨ ᠰᠠᠢᠨ ᠨᠡᠷ᠎ᠡ ᠶ᠋ᠢ ᠪᠤᠤ ᠭᠣᠳᠣᠭ᠎ᠠ᠃ᠰᠠᠨᠠᠭ᠎ᠠ ᠶ᠋ᠢ ᠨᠢ ᠪᠤᠤ ᠵᠤᠪᠠᠭ᠎ᠠ ᠭᠡᠵᠦ ᠬᠠᠲᠠᠭᠤ ᠬᠡᠯᠡᠵᠡᠢ᠃ᠵᠥᠴᠢ ᠦᠭᠡ ᠳᠠᠭᠤ ᠦᠭᠡᠢ ᠲᠣᠯᠣᠭᠠᠢ ᠲᠣᠬᠢᠨ᠎ᠠ᠃ᠭᠡᠪᠡᠴᠦ ᠳᠣᠲᠣᠷ᠎ᠠ ᠪᠠᠨ ᠣᠭᠲᠣ ᠥᠭᠡᠷ᠎ᠡ ᠶ᠋ᠢ ᠪᠣᠳᠣᠵᠤ ᠰᠠᠭᠤᠭᠰᠠᠨ ᠢ᠋ ᠬᠡᠨ ᠴᠦ᠍ ᠮᠡᠳᠡᠭᠡ ᠦᠭᠡᠢ ᠪᠢᠯᠡ᠃ᠥᠪᠡᠷ ᠢ᠋ ᠪᠡᠨ ᠮᠡᠷᠭᠢᠳ ᠴᠢᠰᠤᠨ ᠤ᠋ ᠬᠢ ᠭᠡᠵᠦ ᠳᠣᠣᠷᠠᠲᠤ ᠦᠵᠡᠬᠦ ᠶ᠋ᠢ ᠵᠥᠴᠢ ᠬᠡᠵᠢᠶ᠎ᠡ ᠴᠦ᠍ ᠵᠥᠪᠰᠢᠶᠡᠷᠡᠬᠦ ᠦᠭᠡᠢ᠃ᠭᠡᠪᠡᠴᠦ ᠡᠬᠡ ᠶ᠋ᠢᠨ ᠢ᠋ᠶ᠋ᠡᠨ ᠰᠡᠳᠬᠢᠯ ᠢ᠋ ᠬᠢᠮᠤᠷᠠᠭᠠᠬᠣ ᠦᠭᠡᠢ ᠭᠡᠰᠡᠨ ᠳ᠋ᠡᠭᠡᠨ ᠯᠡ ᠲᠣᠯᠣᠭᠠᠢ ᠳᠣᠬᠢᠵᠤ ᠰᠠᠭᠤᠪᠠ᠃ᠬᠠᠢᠷᠠᠲᠠᠢ ᠭᠠᠭᠴᠠ ᠡᠬᠡ ᠶ᠋ᠢ ᠪᠡᠨ ᠭᠣᠮᠣᠳᠠᠭᠠᠵᠤ ᠰᠠᠨᠳᠤᠷᠭᠠᠬᠤ ᠶ᠋ᠢ ᠵᠥᠴᠢ ᠬᠡᠵᠢᠶ᠎ᠡ ᠴᠦ᠍ ᠲᠡᠪᠴᠢᠬᠦ ᠦᠭᠡᠢ ᠬᠥᠮᠦᠵᠢᠯ ᠲᠡᠢ ᠪᠣᠯᠵᠤ ᠥᠰᠴᠡᠢ᠃ᠲᠡᠭᠷᠢ ᠶ᠋ᠢᠨ ᠳᠣᠣᠷ᠎ᠠ ᠬᠠᠮᠤᠭ ᠤ᠋ᠨ ᠡᠷᠬᠢᠮ ᠳᠡᠭᠡᠳᠦ ᠬᠥᠮᠦᠨ ᠪᠣᠯ ᠵᠥᠴᠢ ᠶ᠋ᠢᠨ ᠬᠤᠪᠢ ᠳ᠋ᠤ᠌ ᠵᠥᠪᠬᠡᠨ ᠡᠬᠡ ᠨᠢ ᠶᠦ᠍ᠮ᠃ᠬᠡᠳᠦᠢ ᠪᠡᠷ ᠡᠬᠡ ᠨᠢ ᠵᠥᠴᠢ ᠶ᠋ᠢᠨ ᠬᠤᠪᠢ ᠳ᠋ᠤ᠌ ᠵᠥᠪᠰᠢᠶᠡᠷᠡᠬᠦ ᠠᠷᠭ᠎ᠠ ᠦᠭᠡᠢ ᠵᠦᠢᠯ ᠬᠡᠯᠡᠯ᠎ᠡ ᠴᠦ᠍ ᠳᠤᠷ᠎ᠠ ᠦᠭᠡᠢᠴᠡᠨ ᠡᠰᠡᠷᠭᠦᠴᠡᠵᠦ ᠪᠣᠢ ᠪᠠᠨ ᠵᠥᠴᠢ ᠬᠡᠵᠢᠶ᠎ᠡ ᠴᠦ᠍ ᠢᠯᠡ ᠲᠣᠳᠣ ᠢᠯᠡᠷᠬᠡᠢᠯᠡᠳᠡᠭ ᠦᠭᠡᠢ ᠪᠠᠢᠪᠠ᠃ᠰᠠᠶᠢ ᠶ᠋ᠢᠨ ᠬᠠᠭᠠᠰ ᠵᠢᠯ ᠦ᠋ᠨ ᠳᠣᠯᠣᠭᠠᠨ ᠳ᠋ᠤ᠌ ᠵᠥᠴᠢ ᠬᠡᠨ ᠡᠴᠡ ᠴᠦ᠍ ᠳᠤᠲᠠᠬᠤ ᠦᠭᠡᠢ ᠲᠤᠯᠤᠯᠳᠤᠵᠤ ᠪᠠᠰᠠ ᠮᠢᠩᠭᠠᠨ ᠴᠡᠷᠢᠭ ᠢ᠋ᠶ᠋ᠡᠨ ᠶᠠᠭᠰᠢᠲᠠᠯ᠎ᠠ ᠤᠳᠤᠷᠢᠳᠤᠨ ᠶᠠᠪᠤᠭᠰᠠᠨ ᠨᠢ ᠲᠡᠮᠦᠵᠢᠨ ᠪᠤᠭᠤᠷᠴᠢ ᠬᠣᠶᠠᠷ ᠢ᠋ ᠭᠠᠢᠬᠠᠰᠢᠷᠠᠭᠤᠯᠵᠤ ᠪᠠᠰᠠ ᠶᠡᠬᠡ ᠪᠠᠶᠠᠷᠯᠠᠭᠤᠯᠤᠭᠰᠠᠨ ᠪᠢᠯᠡ᠃ᠵᠥᠴᠢ ᠭᠠᠷᠮᠠᠭᠠᠢ ᠪᠠᠭᠠᠲᠤᠷ᠂ ᠶᠡᠬᠡ ᠵᠠᠩᠵᠤᠨ ᠪᠣᠯᠬᠤ ᠨᠢ ᠢᠯᠡᠳᠲᠡ ᠪᠠᠢᠪᠠ᠃ᠡᠨᠡ ᠲᠤᠬᠠᠢ ᠪᠣᠳᠣᠯ ᠢ᠋ᠶ᠋ᠠᠨ ᠲᠡᠮᠦᠵᠢᠨ ᠪᠥᠷᠲᠡ ᠳ᠋ᠦ᠍ ᠦᠨᠡᠨ ᠰᠡᠳᠬᠢᠯ ᠡᠴᠡ ᠪᠡᠨ ᠪᠠᠬᠠᠳᠤᠯᠲᠠᠢ ᠬᠡᠯᠡᠭᠰᠡᠨ ᠪᠥᠭᠡᠳ ᠪᠠᠰᠠ ᠴᠠᠭᠠᠲᠠᠢ ᠳ᠋ᠤ᠌ ᠴᠤ᠌ ᠴᠡᠷᠢᠭ ᠳᠠᠭᠠᠭᠠᠯᠭᠠᠬᠤ ᠨᠢ ᠵᠥᠪ ᠭᠡᠳᠡᠭ ᠢ᠋ᠶ᠋ᠡᠨ ᠳᠤᠷᠠᠰᠪᠠ᠃ᠵᠥᠴᠢ ᠳ᠋ᠦ᠍ ᠴᠡᠷᠢᠭ ᠵᠠᠬᠢᠷᠤᠭᠤᠯᠤᠭᠰᠠᠨ ᠡᠴᠡ ᠪᠣᠯᠤᠭᠠᠳ ᠴᠠᠭᠠᠲᠠᠢ ᠶ᠋ᠢᠨ ᠬᠣᠷᠣ ᠠᠲᠠᠭᠠᠷᠬᠠᠯ ᠲᠤᠢᠯ ᠳ᠋ᠠᠭᠠᠨ ᠬᠦᠷᠦᠭᠰᠡᠨ ᠨᠢ ᠲᠡᠮᠦᠵᠢᠨ ᠪᠥᠷᠲᠡ ᠬᠣᠶᠠᠷ ᠲᠤ᠌ ᠪᠦᠦ ᠬᠡᠯᠡ ᠬᠠᠷᠢ ᠡᠯᠢᠭᠡ ᠶ᠋ᠢᠨ ᠬᠥᠨᠳᠡᠯᠡᠨ ᠦ᠌ ᠬᠥᠮᠦᠨ ᠳ᠋ᠦ᠍ ᠴᠦ᠍ ᠲᠣᠳᠣᠷᠬᠠᠢ ᠪᠠᠢᠪᠠ᠃ᠴᠠᠭᠠᠲᠠᠢ ᠬᠡᠴᠡᠭᠦᠦ ᠪᠡᠷᠬᠡ ᠠᠭᠠᠰᠢ ᠲᠠᠢ ᠲᠤᠯᠠ ᠲᠡᠷᠡ ᠶᠠᠭᠠᠬᠢᠵᠤ ᠴᠤ᠌ ᠮᠡᠳᠡᠬᠦ ᠶᠤᠮ᠃ᠲᠠᠢᠴᠢᠭᠤᠳ ᠢ᠋ ᠳᠠᠷᠤᠵᠤ ᠢᠷᠡᠭᠡᠳ ᠲᠡᠮᠦᠵᠢᠨ ᠶᠡᠬᠡ ᠬᠠᠲᠤᠨ ᠤ᠋ ᠪᠠᠨ ᠦᠷᠭᠦᠭᠡᠨ ᠳ᠋ᠦ᠍ ᠲᠤᠬᠠᠯᠠᠵᠠᠢ᠃ᠡᠨᠡ ᠨᠢ ᠨᠢᠭᠡ ᠲᠠᠯ᠎ᠠ ᠡᠴᠡ ᠵᠥᠴᠢ ᠶ᠋ᠢᠨ ᠵᠣᠷᠢᠮᠠᠭ ᠭᠠᠪᠰᠢᠭᠠᠢ ᠶ᠋ᠢ ᠪᠠᠬᠠᠳᠤᠭᠰᠠᠨ ᠬᠡᠷᠡᠭ ᠪᠠᠢᠪᠠ᠃ᠪᠠᠰᠠ ᠨᠥᠭᠦᠭᠡ ᠲᠠᠯ᠎ᠠ ᠡᠴᠡ ᠶᠢᠰᠦᠬᠡᠨ ᠬᠠᠲᠤᠨ ᠨᠢᠯᠬ᠎ᠠ ᠪᠡᠶ᠎ᠡ ᠲᠡᠢ᠂ ᠶᠢᠰᠦᠢ ᠬᠠᠲᠤᠨ ᠪᠡᠶ᠎ᠡ ᠳᠠᠪᠬᠤᠷ ᠪᠠᠢᠭᠰᠠᠨ ᠡᠴᠡ ᠴᠤ᠌ ᠪᠣᠯᠵᠠᠢ᠃ᠡᠷ᠎ᠡ ᠨᠥᠬᠥᠷ ᠨᠢ ᠵᠠᠯᠠᠭᠤ ᠬᠠᠲᠤᠳ᠂ ᠲᠠᠲᠠᠪᠤᠷᠢ ᠡᠮᠡᠰ ᠢ᠋ᠶ᠋ᠡᠨ ᠤᠮᠠᠷᠲᠠᠨ ᠦᠷᠭᠦᠭᠡᠨ ᠳ᠋ᠦ᠍ᠨᠢ ᠮᠣᠷᠢᠯᠠᠭᠰᠠᠨ ᠳ᠋ᠤ᠌ ᠪᠥᠷᠲᠡ ᠲᠤᠢᠯ ᠤ᠋ᠨ ᠠᠵᠠ ᠵᠢᠷᠭᠠᠯᠲᠠᠢ ᠪᠠᠢᠪᠠ᠃ᠲᠡᠷᠡ ᠦᠳᠡᠰᠢ ᠳᠥᠷᠪᠡᠨ ᠬᠥᠪᠡᠭᠦᠨ᠂ ᠥᠬᠢᠳ ᠢ᠋ᠶ᠋ᠡᠨ ᠲᠣᠭᠣᠷᠢᠭᠤᠯᠤᠨ ᠰᠠᠭᠤᠯᠭᠠᠭᠠᠳ ᠬᠠᠯᠠᠭᠤᠨ ᠪᠦᠯᠢ ᠪᠡᠷ ᠢ᠋ᠶ᠋ᠡᠨ ᠵᠣᠭᠣᠭ ᠪᠠᠷᠢᠵᠠᠢ᠃ᠢᠩᠭᠢᠵᠦ ᠰᠠᠭᠤᠬᠤ ᠨᠢ ᠲᠡᠮᠦᠵᠢᠨ ᠳ᠋ᠦ᠍ ᠶᠡᠬᠡᠳᠡ ᠲᠠᠭᠠᠰᠢᠶᠠᠭᠳᠠᠭᠰᠠᠨ ᠲᠤᠯᠠ ᠲᠡᠷᠡ ᠰᠡᠳᠬᠢᠯ ᠬᠠᠨᠤᠭᠠᠳ
— ᠪᠢ ᠴᠢᠨᠦ ᠳᠥᠷᠪᠡᠨ ᠬᠥᠪᠡᠭᠦᠨ ᠢ᠋ ᠪᠤᠯᠢᠶᠠᠵᠤ ᠠᠪᠬᠤ ᠨᠢ ᠳᠡ ᠭᠡᠵᠦ ᠪᠠᠶᠠᠰᠬᠤᠯᠠᠩᠲᠠᠢ ᠢᠨᠢᠶᠡᠪᠡ᠃ᠪᠥᠷᠲᠡ ᠳ᠋ᠦ᠍ ᠴᠦ᠍ ᠪᠠᠬᠠᠳᠤᠯᠲᠠᠢ ᠰᠠᠢᠬᠠᠨ ᠪᠠᠢᠯ᠎ᠠ᠃ᠤᠴᠢᠷ ᠨᠢ ᠶᠢᠰᠦᠬᠡᠨ ᠬᠠᠲᠤᠨ ᠡᠴᠡ ᠬᠥᠪᠡᠭᠦᠨ ᠳᠥᠷᠥᠭᠡ ᠦᠭᠡᠢ ᠪᠥᠭᠡᠳ ᠶᠢᠰᠦᠢ ᠬᠠᠲᠤᠨ ᠤ᠋ ᠭᠡᠳᠡᠰᠦᠨ ᠳ᠋ᠡᠬᠢ ᠬᠡᠦᠬᠡᠳ ᠢ᠋ ᠥᠬᠢᠨ ᠭᠡᠵᠦ ᠳᠠᠪ ᠲᠩᠷᠢ ᠪᠥᠬᠡ ᠮᠡᠷᠭᠡᠯᠡᠭᠰᠡᠨ ᠪᠠᠢᠵᠠᠢ᠃ᠦᠵᠡᠭᠰᠡᠨ ᠵᠣᠪᠠᠯᠠᠩ᠂ ᠡᠳ᠋ᠯᠡᠭᠰᠡᠨ ᠰᠢᠨᠠᠯᠤᠯ ᠢ᠋ ᠨᠢ ᠲᠩᠷᠢ ᠲᠠᠢᠳᠬᠤᠷᠠᠭᠤᠯᠬᠤ ᠭᠡᠰᠡᠨ ᠮᠡᠲᠦ ᠪᠥᠷᠲᠡ ᠳ᠋ᠦ᠍ ᠳᠥᠷᠪᠡᠨ ᠰᠠᠢᠬᠠᠨ ᠬᠥᠪᠡᠭᠦᠨ ᠵᠠᠶᠠᠭᠠᠭᠰᠠᠨ ᠪᠠᠢᠪᠠ᠃ᠣᠳᠣ ᠪᠥᠷᠲᠡ ᠶ᠋ᠢᠨ ᠳᠥᠷᠪᠡᠨ ᠬᠥᠪᠡᠭᠦᠨ ᠲᠡᠮᠦᠵᠢᠨ ᠦ᠌ ᠤᠯᠤᠰ ᠤ᠋ᠨ ᠥᠨᠢ ᠤᠳᠠᠭᠠᠨ ᠣᠷᠣᠰᠢᠨ ᠲᠣᠭᠲᠠᠨᠢᠬᠤ ᠶ᠋ᠢᠨ ᠪᠠᠲᠤᠯᠠᠭ᠎ᠠ᠂ ᠳᠥᠷᠪᠡᠨ ᠪᠠᠲᠤ ᠪᠡᠬᠢ ᠪᠠᠭᠠᠨ᠎ᠠ ᠪᠣᠯᠬᠤ ᠶᠣᠰᠣᠲᠠᠢ ᠨᠢ ᠬᠡᠨ ᠳ᠋ᠦ᠍ ᠴᠦ᠍ ᠲᠣᠳᠣᠷᠬᠠᠢ᠂ ᠲᠡᠷᠡ ᠳᠤᠮᠳᠠ ᠪᠠᠨ ᠪᠥᠷᠲᠡ ᠳ᠋ᠦ᠍ ᠪᠣᠳᠣᠭᠠᠳ ᠴᠤ᠌ ᠬᠠᠨᠤᠮ᠎ᠠ ᠦᠭᠡᠢ ᠪᠠᠬᠠᠳᠤᠯᠲᠠᠢ ᠪᠠᠢᠯ᠎ᠠ᠃ᠬᠠᠷᠢᠨ ᠥᠨᠥ ᠮᠠᠷᠭᠠᠰᠢ ᠦᠭᠡᠢ ᠲᠥᠷᠥᠬᠦ ᠭᠡᠵᠦ ᠪᠣᠢ ᠦᠷ᠎ᠡ ᠪᠡᠨ ᠥᠬᠢᠨ ᠭᠡᠳᠡᠭ ᠢ᠋ ᠪᠥᠷᠲᠡ ᠵᠦᠩ ᠢ᠋ᠶ᠋ᠡᠷ ᠢ᠋ᠶ᠋ᠡᠨ ᠮᠡᠳᠡᠵᠦ ᠪᠠᠢᠭᠰᠠᠨ ᠴᠤ᠌ ᠲᠡᠷᠡ ᠬᠠᠷᠠᠮᠰᠠᠭᠰᠠᠨ ᠦᠭᠡᠢ᠃ᠥᠬᠢᠳ ᠨᠢ ᠥᠰᠴᠦ ᠲᠣᠮᠣ ᠪᠣᠯᠤᠭᠠᠳ ᠴᠢᠩᠭᠢᠰ ᠬᠠᠭᠠᠨ ᠡᠴᠢᠭᠡ ᠶ᠋ᠢᠨ ᠢ᠋ᠶ᠋ᠡᠨ ᠶᠡᠬᠡ ᠤᠯᠤᠰ ᠤ᠋ᠨ ᠵᠢᠯᠣᠭᠣ ᠴᠤᠯᠪᠤᠭᠤᠷ ᠢ᠋ ᠪᠡᠬᠢᠯᠡᠨ ᠬᠠᠷᠢ ᠤᠯᠤᠰ ᠠᠢᠮᠠᠭ ᠤ᠋ᠨ ᠬᠠᠨ᠂ ᠡᠵᠡᠳ ᠦ᠋ᠨ ᠬᠠᠲᠤᠳ ᠪᠣᠯᠤᠨ ᠣᠳᠤᠨ᠎ᠠ ᠭᠡᠳᠡᠭ ᠨᠢ ᠨᠢᠭᠡᠨᠲᠡ ᠲᠣᠳᠣᠷᠬᠠᠢ ᠪᠢᠯᠡ᠃ᠶᠡᠬᠡ ᠬᠠᠲᠤᠨ ᠨᠢ ᠬᠠᠷᠢᠭᠤ ᠦᠭᠡᠢ ᠲᠥᠷᠥᠬᠦ ᠳᠥᠭᠥᠭᠰᠡᠨ ᠲᠤᠯᠭᠤᠷ ᠪᠡᠶ᠎ᠡ ᠲᠡᠢ᠂ ᠬᠣᠶᠠᠷ ᠪᠠᠭ᠎ᠠ ᠬᠠᠲᠤᠨ ᠤ᠋ ᠨᠢᠭᠡ ᠨᠢ ᠨᠢᠯᠬ᠎ᠠ ᠪᠡᠶ᠎ᠡ ᠲᠡᠢ᠂ ᠨᠥᠭᠦᠭᠡ ᠨᠢ ᠪᠡᠶ᠎ᠡ ᠳᠠᠪᠬᠤᠷ ᠪᠠᠢᠭᠰᠠᠨ ᠨᠢ ᠲᠡᠮᠦᠵᠢᠨ ᠢ᠋ ᠳᠠᠬᠢᠨ ᠵᠠᠯᠠᠭᠤ ᠬᠠᠲᠤᠨ ᠪᠠᠭᠤᠯᠭᠠᠬᠤ ᠪᠣᠳᠣᠯ ᠳ᠋ᠤ᠌ ᠬᠥᠲᠥᠯᠵᠦ ᠪᠠᠢᠭ᠎ᠠ ᠶ᠋ᠢ ᠪᠥᠷᠲᠡ ᠵᠦᠩ ᠢ᠋ᠶ᠋ᠡᠷ ᠢ᠋ᠶ᠋ᠡᠨ ᠮᠡᠳᠡᠷᠡᠵᠡᠢ᠃ᠲᠡᠢᠮᠦ ᠤᠴᠢᠷ ᠡᠴᠡ ᠡᠷ᠎ᠡ ᠶ᠋ᠢᠨ ᠢ᠋ᠶ᠋ᠡᠨ ᠰᠡᠳᠬᠢᠯ ᠢ᠋ ᠨᠡᠪᠲᠡᠷᠬᠡᠢ ᠮᠡᠳᠡᠳᠡᠭ ᠡᠮ᠎ᠡ ᠶ᠋ᠢᠨ ᠶᠣᠰᠣᠭᠠᠷ ᠲᠡᠷᠡ ᠰᠥᠨᠢ ᠲᠠᠲ᠋ᠠᠷ ᠴᠢᠰᠤᠨ ᠤ᠋ ᠣᠩᠭᠣᠨ ᠪᠡᠶ᠎ᠡ ᠲᠡᠢ ᠥᠬᠢᠨ ᠠᠪᠴᠢᠷᠠᠭᠤᠯᠵᠤ ᠲᠡᠮᠦᠵᠢᠨ ᠢ᠋ ᠪᠠᠶᠠᠷᠯᠠᠭᠤᠯᠬᠤ ᠪᠠᠷ ᠵᠡᠬᠡᠭᠰᠡᠨ ᠪᠠᠢᠯ᠎ᠠ᠃ᠲᠡᠳᠡᠨ ᠦ᠌ ᠡᠨᠡ ᠨᠢᠭᠤᠴᠠ ᠵᠤᠭᠠᠴᠠᠯ ᠢ᠋ ᠬᠡᠨ ᠴᠦ᠍ ᠮᠡᠳᠡᠬᠦ ᠦᠭᠡᠢ ᠪᠥᠭᠡᠳ ᠮᠡᠳᠡᠯ᠎ᠡ ᠴᠦ᠍ ᠪᠤᠷᠤᠭᠤᠰᠢᠶᠠᠬᠤ ᠵᠢᠷᠦᠬᠡᠲᠡᠨ ᠦᠭᠡᠢ ᠪᠢᠯᠡ᠃ᠪᠥᠷᠲᠡ ᠣᠯᠵᠠᠨ ᠤ᠋ ᠡᠮᠡᠰ ᠡᠴᠡ ᠣᠩᠭᠣᠨ᠂ ᠴᠡᠪᠡᠷ ᠢ᠋ ᠰᠣᠩᠭᠣᠨ ᠥᠪᠡᠷ ᠦ᠋ᠨ ᠦᠷᠭᠦᠭᠡᠨ ᠦ᠌ ᠳᠡᠷᠭᠡᠳᠡ ᠪᠠᠢᠯᠭᠠᠬᠤ ᠪᠣᠯᠤᠭᠰᠠᠨ ᠨᠢ ᠴᠠᠭᠠᠨ᠎ᠠ ᠪᠠᠨ ᠣᠯᠠᠨ ᠵᠣᠷᠢᠯᠭ᠎ᠠ ᠲᠠᠢ ᠪᠠᠢᠪᠠ᠃ᠢᠩᠭᠢᠵᠦ ᠲᠡᠮᠦᠵᠢᠨ ᠦ᠌ ᠤᠯᠤᠰ ᠭᠡᠷ ᠦ᠋ᠨ ᠠᠮᠢᠳᠤᠷᠠᠯ ᠳ᠋ᠤ᠌ ᠵᠣᠪᠠᠯᠠᠩ ᠲᠦᠭᠰᠢᠭᠦᠷᠢ ᠲᠦᠷ ᠪᠣᠯᠪᠠᠴᠤ ᠠᠷᠢᠯᠵᠠᠢ᠃
ᠲᠡᠮᠦᠵᠢᠨ ᠦ᠌ ᠲᠥᠷᠥᠭᠰᠡᠨ ᠬᠥᠪᠡᠭᠦᠳ ᠪᠣᠯᠤᠭᠠᠳ ᠦᠶ᠎ᠡ ᠶ᠋ᠢᠨ ᠬᠢᠨ ᠳᠤᠮᠳᠠ ᠡᠴᠡ ᠪᠠᠨ ᠢᠯᠭᠠᠷᠠᠨ ᠣᠳᠣ ᠮᠡᠲᠦ ᠭᠢᠯᠠᠯᠵᠠᠨ ᠲᠣᠳᠣᠷᠠᠭᠰᠠᠨ ᠵᠥᠴᠢ ᠬᠥᠪᠡᠭᠦᠨ ᠢ᠋ᠶ᠋ᠡᠷ ᠢ᠋ᠶ᠋ᠡᠨ ᠪᠥᠷᠲᠡ ᠪᠠᠬᠠᠷᠬᠠᠨ ᠪᠠᠶᠠᠰᠬᠤ ᠬᠡᠳᠦᠢ ᠴᠦ᠍ ᠣᠯᠠᠨ ᠡᠴᠡ ᠶᠡᠬᠡ ᠣᠨᠴᠠᠭᠠᠢᠷᠠᠬᠤ ᠳ᠋ᠤᠨᠢ《ᠪᠣᠭᠣᠨᠢ ᠨᠠᠰᠤ ᠲᠠᠢ ᠪᠠᠢᠬᠤ ᠪᠣᠢ》 ᠭᠡᠵᠦ ᠪᠠᠰᠠ ᠲᠦᠭᠰᠢᠨ ᠪᠣᠳᠣᠬᠤ ᠪᠣᠯᠵᠠᠢ᠃ᠴᠢᠩᠭᠢᠰ ᠬᠠᠭᠠᠨ ᠵᠥᠴᠢ ᠶ᠋ᠢ ᠶᠠᠭ ᠥᠪᠡᠷ ᠦ᠋ᠨ ᠬᠥᠪᠡᠭᠦᠨ ᠮᠡᠲᠦ ᠦᠵᠡᠬᠦ ᠪᠣᠯᠤᠭᠰᠠᠨ ᠨᠢ ᠪᠥᠷᠲᠡ ᠳ᠋ᠦ᠍ ᠶᠠᠭᠤ ᠶᠠᠭᠤᠨ ᠡᠴᠡ ᠢᠯᠡᠭᠦᠦ ᠰᠠᠢᠬᠠᠨ ᠪᠠᠢᠯ᠎ᠠ᠃ᠬᠠᠷᠢᠨ ᠴᠢᠩᠭᠢᠰ ᠬᠠᠭᠠᠨ ᠤ᠋ ᠬᠤᠪᠢ ᠳ᠋ᠤ᠌ ᠵᠥᠴᠢ ᠶ᠋ᠢᠨ ᠡᠷ᠎ᠡ ᠵᠣᠷᠢᠭ᠂ ᠡᠷᠡᠮᠡᠬᠡᠢ ᠴᠢᠳᠠᠯ ᠡᠴᠡ ᠢᠯᠡᠭᠦᠦ ᠲᠡᠭᠦᠨ ᠦ᠌ ᠬᠠᠭᠠᠨ ᠡᠴᠢᠭᠡ ᠳ᠋ᠡᠭᠡᠨ ᠨᠡᠷ᠎ᠡ ᠨᠢᠭᠤᠷ ᠣᠯᠵᠤ ᠢᠲᠡᠭᠡᠭᠳᠡᠬᠦ ᠶ᠋ᠢ ᠬᠦᠰᠡᠭᠰᠡᠨ ᠴᠢᠩ ᠦᠨᠡᠨᠴᠢ ᠵᠠᠩ ᠨᠢ ᠲᠠᠭᠠᠰᠢᠶᠠᠭᠳᠠᠳᠠᠭ ᠪᠠᠢᠪᠠ᠃ᠤᠭ ᠡᠴᠡ ᠴᠢᠩᠭᠢᠰ ᠬᠠᠭᠠᠨ ᠬᠡᠨ ᠬᠥᠮᠦᠨ ᠢ᠋ ᠦᠨᠡᠯᠡᠬᠦ ᠬᠠᠮᠤᠭ ᠤ᠋ᠨ ᠭᠣᠣᠯ ᠬᠡᠮᠵᠢᠭᠦᠷ ᠨᠢ ᠦᠨᠡᠨᠴᠢ ᠰᠡᠳᠬᠢᠯ ᠶᠤᠮ᠃ᠲᠡᠷᠡ ᠪᠡᠷ ᠥᠪᠡᠷᠲᠡᠭᠡᠨ ᠦᠨᠡᠨᠴᠢ ᠵᠢᠳᠬᠦᠬᠦ ᠰᠡᠳᠬᠢᠯ ᠲᠡᠢ ᠬᠡᠨ ᠢ᠋ ᠴᠦ᠍ ᠪᠠᠢᠭᠰᠠᠨ ᠢᠳᠡᠭᠡᠨ ᠨᠥᠬᠥᠷᠯᠡᠳᠡᠭ ᠪᠢᠯᠡ᠃ᠲᠡᠢᠮᠦ ᠴᠦ᠍ ᠤᠴᠢᠷ ᠡᠴᠡ ᠵᠥᠴᠢ ᠶ᠋ᠢ ᠬᠦᠦ ᠭᠡᠬᠦ ᠡᠴᠡ ᠢᠯᠡᠭᠦᠦ ᠦᠨᠡᠨᠴᠢ ᠨᠥᠬᠥᠷ ᠢ᠋ᠶ᠋ᠡᠨ ᠪᠣᠯᠭᠠᠬᠤ ᠶ᠋ᠢ ᠲᠡᠷᠡ ᠬᠦᠰᠡᠵᠡᠢ᠃ᠴᠢᠩᠭᠢᠰ ᠬᠠᠭᠠᠨ ᠤ᠋ ᠰᠡᠳᠬᠢᠯ ᠦ᠋ᠨ ᠳᠣᠲᠣᠷᠠᠬᠢ ᠡᠨᠡ ᠨᠢᠭᠤᠴᠠ ᠶ᠋ᠢ ᠪᠥᠷᠲᠡ ᠮᠡᠳᠡᠭᠰᠡᠨ ᠦᠭᠡᠢ᠃
— ᠴᠢᠮ᠎ᠠ ᠰᠢᠭ᠋ ᠬᠠᠲᠤᠨ ᠨᠠᠳᠠᠳᠤ ᠳᠠᠬᠢᠵᠤ ᠤᠴᠠᠷᠠᠬᠤ ᠦᠭᠡᠢ ᠪᠢᠵᠡ ᠭᠡᠰᠡᠨ ᠨᠢ ᠴᠢᠩᠭᠢᠰ ᠬᠠᠭᠠᠨ ᠤ᠋ ᠴᠢᠩ ᠦᠨᠡᠨ ᠰᠡᠳᠬᠢᠯ ᠦ᠋ᠨ ᠦᠭᠡ᠂ ᠪᠠᠰᠠ ᠪᠥᠷᠲᠡ ᠶ᠋ᠢ ᠲᠡᠭᠦᠨ ᠦ᠌ ᠲᠥᠷᠥᠭᠦᠯᠦᠭᠰᠡᠨ ᠳᠥᠷᠪᠡᠨ ᠬᠥᠪᠡᠭᠦᠨ ᠢ᠋ ᠪᠠᠬᠠᠷᠬᠠᠭᠰᠠᠨ ᠮᠠᠭᠲᠠᠭᠠᠯ ᠪᠠᠢᠪᠠ᠃
— ᠴᠢᠩᠭᠢᠰ ᠬᠠᠭᠠᠨ ᠲᠠ ᠶᠠᠭᠤᠨ ᠣᠢᠷᠠᠬᠠᠨ ᠪᠣᠳᠣᠨ᠎ᠠ᠃ᠭᠠᠵᠠᠷ ᠳᠡᠯᠡᠬᠡᠢ ᠠᠭᠤᠵᠢᠮ᠂ ᠬᠠᠴᠠᠷ ᠭᠤᠸ᠎ᠠ ᠡᠮᠡᠰ ᠥᠬᠢᠳ ᠬᠠᠮᠢᠭ᠎ᠠ ᠮᠤᠩᠳᠠᠬᠤ ᠪᠣᠢ? ᠬᠠᠭᠠᠨ ᠲᠠᠨ ᠢ᠋ ᠬᠠᠷᠢ ᠶ᠋ᠢᠨ ᠥᠭᠡᠷ᠎ᠡ ᠴᠢᠰᠤᠨ ᠤ᠋ ᠡᠮ᠎ᠡ ᠲᠠᠭᠠᠯᠠᠭᠠᠰᠠᠢ ᠭᠡᠵᠦ ᠪᠢ ᠬᠦᠰᠡᠨ᠎ᠡ᠃ᠲᠠ ᠳᠠᠬᠢᠭᠠᠳ ᠯᠠ ᠣᠯᠠᠨ ᠬᠥᠪᠡᠭᠦᠨ ᠲᠡᠢ ᠪᠣᠯᠤᠨ᠎ᠠ ᠭᠡᠵᠦ ᠪᠥᠷᠲᠡ ᠢᠨᠢᠶᠡᠪᠡ᠃ᠶᠡᠬᠡ ᠭᠡᠳᠡᠰᠦ ᠲᠡᠢ᠂ ᠨᠢᠭᠤᠷ ᠰᠡᠪᠬᠡ ᠲᠡᠢ ᠴᠦ᠍ ᠨᠢᠳᠦ ᠬᠥᠮᠥᠰᠬᠡ ᠨᠢ ᠦᠵᠡᠰᠬᠦᠯᠡᠩᠲᠡᠢ ᠬᠡᠪ ᠢ᠋ᠶ᠋ᠡᠷ ᠪᠠᠢᠬᠤ ᠪᠥᠷᠲᠡ ᠶ᠋ᠢᠨ ᠬᠠᠷᠠᠴᠠ ᠠᠭᠠᠯᠢ ᠦᠭᠡᠢ᠂ ᠲᠠᠴᠢᠶᠠᠩᠭᠤᠢ ᠪᠠᠷ ᠭᠢᠯᠠᠯᠵᠠᠵᠤ ᠪᠠᠢᠬᠤ ᠶ᠋ᠢ ᠴᠢᠩᠭᠢᠰ ᠬᠠᠭᠠᠨ ᠲᠠᠭᠠᠯᠠᠨ ᠬᠠᠷᠠᠵᠤ ᠰᠠᠭᠤᠯ᠎ᠠ᠃ᠪᠥᠷᠲᠡ ᠶᠠᠭᠤ ᠬᠦᠰᠡᠵᠦ ᠪᠠᠢᠭ᠎ᠠ ᠶ᠋ᠢ ᠴᠢᠩᠭᠢᠰ ᠬᠠᠭᠠᠨ ᠲᠦᠪᠡᠭ ᠦᠭᠡᠢᠬᠡᠨ ᠳᠠᠭᠠᠵᠤ ᠪᠠᠢᠪᠠ᠃ᠶᠢᠰᠦᠬᠡᠨ ᠬᠠᠲᠤᠨ ᠪᠡᠶ᠎ᠡ ᠳᠠᠪᠬᠤᠷ ᠪᠣᠯᠤᠭᠰᠠᠨ ᠡᠴᠡ ᠬᠣᠢᠰᠢ ᠲᠡᠳᠡᠨ ᠦ᠌ ᠲᠣᠭᠯᠠᠭᠠᠮ ᠬᠠᠭᠠᠭᠳᠠᠭᠰᠠᠨ ᠪᠢᠯᠡ᠃ᠬᠠᠷᠢᠨ ᠶᠢᠰᠦᠬᠡᠨ ᠦ᠌ ᠡᠭᠡᠴᠢ ᠶᠢᠰᠥᠢ ᠶ᠋ᠢ ᠲᠡᠮᠦᠵᠢᠨ ᠣᠯᠵᠤ ᠬᠠᠲᠤᠨ ᠪᠣᠯᠭᠠᠨ ᠠᠪᠤᠭᠰᠠᠨ ᠴᠤ᠌ ᠬᠡᠴᠡᠭᠦᠦ ᠪᠡᠷᠬᠡ ᠤᠬᠠᠭᠠᠨ᠂ ᠬᠡᠷᠰᠡᠦ ᠦᠭᠡ ᠲᠡᠢ ᠶᠢᠰᠥᠢ ᠲᠡᠢ ᠶᠢᠰᠦᠬᠡᠨ ᠦ᠌ ᠠᠳᠠᠯᠢ ᠬᠠᠷᠢᠴᠠᠵᠤ ᠴᠢᠳᠠᠬᠤ ᠦᠭᠡᠢ ᠪᠠᠢᠭᠰᠠᠨ ᠪᠢᠯᠡ᠃ᠭᠡᠪᠡᠴᠦ ᠴᠢᠩᠭᠢᠰ ᠬᠠᠭᠠᠨ ᠪᠥᠷᠲᠡ ᠬᠠᠲᠤᠨ ᠢ᠋ᠶ᠋ᠠᠨ ᠪᠠᠶᠠᠰᠬᠠᠬᠤ ᠥᠭᠡᠷ᠎ᠡ ᠠᠷᠭ᠎ᠠ ᠶ᠋ᠢ ᠲᠦᠳᠡᠯ ᠦᠭᠡᠢ ᠪᠣᠳᠣᠵᠤ ᠣᠯᠵᠠᠢ᠃ᠲᠡᠢᠮᠦ ᠪᠣᠯᠬᠣᠷ
— ᠪᠢ ᠴᠢᠮᠠᠲᠤ ᠰᠠᠶᠢ ᠶ᠋ᠢᠨ ᠳᠣᠯᠣᠭᠠᠨ ᠤ᠋ ᠣᠯᠵᠠᠨ ᠡᠴᠡ ᠲᠠᠢᠴᠢᠭᠤᠳ ᠤ᠋ᠨ ᠬᠣᠷᠢᠨ ᠭᠤᠸ᠎ᠠ ᠥᠬᠢᠨ ᠪᠡᠯᠡᠭᠯᠡᠶ᠎ᠡ᠃ᠴᠢ ᠡᠭᠦᠳᠡ ᠪᠡᠨ ᠰᠡᠬᠦᠭᠦᠯᠵᠦ᠂ ᠦᠰᠦ ᠪᠡᠨ ᠰᠠᠮᠨᠠᠭᠤᠯ ᠭᠡᠵᠦ ᠲᠡᠮᠦᠵᠢᠨ ᠬᠡᠯᠡᠵᠡᠢ᠃
— ᠲᠡᠭᠡᠪᠡᠯ ᠪᠢ ᠲᠡᠷᠡ ᠥᠬᠢᠳ ᠢ᠋ ᠥᠪᠡᠷ ᠢ᠋ᠶ᠋ᠡᠨ ᠰᠣᠩᠭᠣᠨ ᠰᠢᠯᠢᠵᠦ ᠠᠪᠤᠶ᠎ᠠ᠃ᠬᠠᠷᠢᠨ ᠬᠠᠭᠠᠨ ᠲᠠᠨ ᠳ᠋ᠤ᠌ ᠥᠨᠥ ᠰᠥᠨᠢ ᠪᠢ ᠦᠵᠡᠰᠬᠦᠯᠡᠩᠲᠡᠢ ᠲᠠᠲ᠋ᠠᠷ ᠡᠮ᠎ᠡ ᠪᠡᠯᠡᠳᠦᠭᠰᠡᠨ᠃ᠲᠠ ᠥᠬᠢᠨ ᠪᠡᠶ᠎ᠡ ᠶ᠋ᠢ ᠨᠢ ᠡᠪᠳᠡᠵᠦ ᠦᠵᠡᠭᠦᠯᠦᠭᠲᠦᠨ ᠭᠡᠵᠦ ᠪᠥᠷᠲᠡ ᠶ᠋ᠢ ᠬᠡᠯᠡᠬᠦ ᠳ᠋ᠦ᠍ ᠡᠨᠡ ᠶᠠᠭᠤ ᠭᠡᠰᠡᠨ ᠦᠭᠡ ᠪᠣᠯᠬᠤ ᠶ᠋ᠢ ᠳᠠᠭᠠᠵᠤ ᠴᠢᠩᠭᠢᠰ ᠬᠠᠭᠠᠨ ᠵᠤᠭᠠᠲᠠᠢ ᠪᠠᠷ ᠬᠥᠬᠥᠷᠡᠪᠡ᠃
— ᠲᠤᠯᠭᠤᠷ ᠪᠡᠶ᠎ᠡ ᠲᠡᠢ ᠪᠢ ᠶᠠᠭᠠᠬᠢᠬᠤ ᠪᠢᠯᠡ᠃ᠲᠠᠨ ᠢ᠋ ᠬᠠᠷᠠᠵᠤ ᠰᠠᠭᠤᠶ᠎ᠠ ᠭᠡᠵᠦ ᠪᠥᠷᠲᠡ ᠰᠠᠨᠠᠭᠰᠠᠨ ᠢ᠋ᠶ᠋ᠠᠨ ᠬᠢᠭᠰᠡᠨ ᠬᠥᠮᠦᠨ ᠦ᠌ ᠶᠣᠰᠣᠭᠠᠷ ᠲᠠᠴᠢᠶᠠᠩᠭᠤᠢ᠂ ᠡᠷᠬᠡᠯᠡᠭᠰᠡᠨ ᠬᠠᠷᠠᠴᠠ ᠲᠤᠨᠤᠷᠠᠭᠤᠯᠤᠨ ᠰᠢᠪᠡᠨᠡᠵᠡᠢ᠃
— ᠪᠥᠷᠲᠡ᠂ ᠪᠢ ᠴᠢᠮᠠᠶ᠋ᠢ ᠦᠬᠦᠪᠡᠯ ᠶᠠᠭᠠᠬᠢᠨ᠎ᠠ ᠭᠡᠵᠦ ᠰᠠᠨᠠᠯ᠎ᠠ ᠭᠡᠵᠦ ᠴᠢᠩᠭᠢᠰ ᠬᠠᠭᠠᠨ ᠶᠡᠬᠡ ᠬᠠᠲᠤᠨ ᠢ᠋ᠶ᠋ᠠᠨ ᠤᠷᠮᠠᠰᠢᠭᠤᠯᠪᠠ᠃ᠡᠨᠡ ᠪᠣᠯ ᠴᠢᠩᠭᠢᠰ ᠬᠠᠭᠠᠨ ᠤ᠋ ᠶᠡᠬᠡ ᠬᠠᠲᠤᠨ ᠢ᠋ᠶ᠋ᠠᠨ ᠪᠠᠬᠠᠳᠤᠭᠰᠠᠨ ᠦᠭᠡ ᠪᠠᠢᠪᠠ᠃ᠲᠡᠷᠡ ᠰᠥᠨᠢ ᠴᠢᠩᠭᠢᠰ ᠬᠠᠭᠠᠨ ᠪᠥᠷᠲᠡ ᠬᠠᠲᠤᠨ ᠢ᠋ᠶ᠋ᠠᠨ ᠵᠤᠭᠠᠴᠠᠭᠤᠯᠤᠨ ᠦᠵᠡᠰᠬᠦᠯᠡᠩᠲᠦ ᠲᠠᠲ᠋ᠠᠷ ᠥᠬᠢᠨ ᠢ᠋ ᠤᠬᠢᠯᠠᠭᠤᠯᠤᠨ ᠡᠳ᠋ᠯᠡᠵᠦ ᠬᠦᠰᠡᠯ ᠢ᠋ᠶ᠋ᠡᠨ ᠬᠠᠩᠭᠠᠨ ᠬᠣᠨᠣᠭᠰᠠᠨ ᠪᠥᠭᠡᠳ ᠥᠷᠯᠥᠭᠡ ᠨᠢ ᠪᠥᠷᠲᠡ ᠲᠡᠷᠡ ᠡᠮ᠎ᠡ ᠳ᠋ᠦ᠍ ᠬᠣᠣᠷ ᠤᠤᠭᠤᠯᠭᠠᠨ ᠦᠬᠦᠭᠦᠯᠦᠭᠰᠡᠨ ᠢ᠋ ᠴᠢᠩᠭᠢᠰ ᠬᠠᠭᠠᠨ ᠮᠡᠳᠡᠭᠰᠡᠨ ᠦᠭᠡᠢ᠃ᠤᠴᠢᠷ ᠨᠢ ᠲᠡᠷᠡ ᠬᠣᠶᠠᠷ ᠤ᠋ᠨ ᠡᠨᠡ ᠰᠢᠨ᠎ᠡ ᠵᠤᠭᠠᠴᠠᠯ ᠢ᠋ ᠰᠠᠢᠲᠤᠷ ᠨᠢᠭᠤᠬᠤ ᠶᠣᠰᠣᠲᠠᠢ ᠭᠡᠵᠦ ᠪᠥᠷᠲᠡ ᠰᠢᠢᠳᠴᠡᠢ᠃ᠪᠥᠷᠲᠡ ᠬᠠᠲᠤᠨ ᠤ᠋ ᠮᠠᠲᠠᠯ ᠳ᠋ᠤ᠌ ᠪᠠᠢᠳᠠᠭ ᠴᠢᠩᠭᠢᠰ ᠬᠠᠭᠠᠨ ᠤ᠋ ᠣᠯᠠᠨ ᠲᠠᠲᠠᠪᠤᠷᠢ ᠡᠮᠡᠰ ᠡᠴᠡ ᠪᠠᠢᠰᠬᠢᠭᠡᠳ ᠯᠡ ᠬᠡᠨ ᠨᠢᠭᠡ ᠨᠢ ᠭᠡᠨᠡᠳᠲᠡ ᠦᠬᠦᠳᠡᠭ ᠤᠴᠢᠷ ᠢ᠋ ᠠᠰᠠᠭᠤᠬᠤ ᠵᠢᠷᠦᠬᠡᠲᠡᠨ ᠬᠡᠨ ᠪᠢᠯᠡ᠃
ᠲᠠᠢᠴᠢᠭᠤᠳ ᠢ᠋ ᠳᠠᠷᠤᠭᠠᠳ ᠪᠤᠴᠠᠵᠤ ᠢᠷᠡᠭᠰᠡᠨ ᠡᠴᠡ ᠬᠣᠢᠰᠢ ᠨᠢᠭᠡ ᠶᠡᠬᠡ ᠤᠳᠠᠯ ᠦᠭᠡᠢ ᠪᠥᠷᠲᠡ ᠶ᠋ᠢᠨ ᠬᠦᠰᠡᠭᠰᠡᠨ ᠢ᠋ᠶ᠋ᠡᠷ ᠬᠣᠩᠭᠢᠷᠠᠳ ᠠᠢᠮᠠᠭ ᠡᠴᠡ ᠣᠬᠢ ᠨᠡᠷᠡᠲᠦ ᠪᠦᠰᠡᠭᠦᠢ ᠶ᠋ᠢ ᠪᠡᠷᠢ ᠪᠠᠭᠤᠯᠭᠠᠨ ᠵᠥᠴᠢ ᠶ᠋ᠢ ᠭᠡᠷᠯᠡᠭᠦᠯᠵᠦ ᠡᠷᠦᠬᠡ ᠭᠡᠷ ᠲᠤᠰᠬᠠᠢᠯᠠᠨ ᠵᠠᠰᠠᠵᠤ ᠥᠭᠪᠡ᠃ᠵᠥᠴᠢ ᠶ᠋ᠢ ᠭᠡᠷᠯᠡᠭᠦᠯᠬᠦ ᠬᠡᠷᠡᠭ ᠢ᠋ ᠪᠥᠷᠲᠡ ᠴᠢᠩᠭᠢᠰ ᠬᠠᠭᠠᠨ ᠤ᠋ ᠳᠡᠮᠵᠢᠯᠭᠡ ᠶ᠋ᠢᠨ ᠳᠣᠣᠷ᠎ᠠ ᠬᠡᠨ ᠡᠴᠡ ᠴᠦ᠍ ᠠᠰᠠᠭᠤᠯ  ᠦᠭᠡᠢ ᠪᠡᠷ ᠥᠪᠡᠷ ᠢ᠋ᠶ᠋ᠡᠨ ᠮᠡᠳᠡᠨ ᠭᠦᠢᠴᠡᠯᠳᠦᠭᠦᠯᠪᠡ᠃ᠢᠩᠭᠢᠵᠦ ᠵᠥᠴᠢ ᠴᠢᠩᠭᠢᠰ ᠬᠠᠭᠠᠨ ᠤ᠋ ᠬᠦᠷᠢᠶᠡᠨ ᠳ᠋ᠦ᠍ ᠲᠣᠯᠣᠭᠠᠢ ᠳᠠᠭᠠᠭᠠᠨ ᠠᠮᠢᠳᠤᠷᠠᠵᠤ ᠡᠬᠢᠯᠡᠪᠡ᠃ᠡᠨᠡ ᠶᠠᠪᠤᠳᠠᠯ ᠵᠥᠴᠢ ᠶ᠋ᠢ ᠲᠡᠮᠦᠵᠢᠨ ᠦ᠌ ᠤᠤᠭᠠᠨ ᠬᠥᠪᠡᠭᠦᠨ ᠭᠡᠳᠡᠭ ᠢ᠋ ᠣᠯᠠᠨ ᠤ᠋ ᠨᠢᠳᠦᠨ ᠳ᠋ᠦ᠍ ᠵᠢᠩᠬᠢᠨᠢ ᠶᠣᠰᠣ ᠪᠠᠷ ᠪᠠᠲᠤᠯᠠᠨ ᠬᠠᠷᠠᠭᠤᠯᠪᠠ᠃ᠵᠥᠴᠢ ᠬᠥᠪᠡᠭᠦᠨ ᠢ᠋ᠶ᠋ᠡᠨ ᠭᠡᠷᠯᠡᠭᠦᠯᠦᠭᠰᠡᠨ ᠨᠢ ᠪᠥᠷᠲᠡ ᠶ᠋ᠢᠨ ᠬᠤᠪᠢ ᠳ᠋ᠤ᠌ ᠵᠣᠪᠠᠵᠤ ᠰᠢᠨᠠᠯᠤᠭᠰᠠᠨ ᠤ᠋ ᠡᠴᠦᠰ ᠲᠦ᠍ ᠣᠯᠤᠭᠰᠠᠨ ᠵᠢᠷᠭᠠᠯ᠂ᠠᠮᠢᠳᠤᠷᠠᠯ ᠤ᠋ᠨ ᠬᠢᠨᠢ ᠶᠡᠬᠡ ᠬᠦᠰᠡᠯ ᠪᠡᠶᠡᠯᠡᠭᠰᠡᠨ ᠬᠡᠷᠡᠭ ᠪᠠᠢᠪᠠ᠃ᠪᠦᠭᠦᠳᠡ ᠳ᠋ᠦ᠍ ᠢᠯᠡ ᠳᠠᠯᠳᠠ ᠠᠳᠠ ᠦᠵᠡᠭᠳᠡᠵᠦ ᠬᠣᠶᠠᠷ ᠴᠤ᠌ ᠤᠳᠠᠭ᠎ᠠ ᠦᠬᠦᠯ ᠦ᠋ᠨ ᠵᠠᠷᠯᠢᠭ ᠰᠣᠨᠣᠰᠤᠭᠰᠠᠨ ᠵᠥᠴᠢ ᠬᠥᠪᠡᠭᠦᠨ ᠦ᠌ ᠠᠮᠢ ᠨᠠᠰᠤ ᠣᠳᠣ ᠯᠠ ᠨᠢᠭᠡ ᠠᠶᠤᠯ ᠡᠴᠡ ᠠᠩᠭᠢᠵᠢᠷᠠᠬᠤ ᠰᠢᠭ᠋ ᠪᠣᠯᠵᠠᠢ᠃ᠶᠠᠮᠠᠷ ᠴᠤ᠌ ᠪᠣᠯᠪᠠ ᠪᠥᠷᠲᠡ ᠢᠩᠭᠢᠵᠦ ᠪᠣᠳᠣᠵᠤ᠂ ᠢᠲᠡᠭᠡᠵᠦ᠂ ᠪᠠᠶᠠᠷᠯᠠᠵᠤ ᠪᠠᠢᠪᠠ᠃
ᠬᠠᠷᠢᠨ ᠪᠥᠷᠲᠡ ᠶ᠋ᠢᠨ ᠡᠨᠡ ᠲᠠᠢᠪᠤᠩ ᠠᠮᠤᠭᠤᠯᠠᠩ᠂ ᠵᠢᠷᠭᠠᠯᠲᠠᠢ ᠠᠮᠢᠳᠤᠷᠠᠯ ᠪᠣᠭᠣᠨᠢᠬᠠᠨ ᠪᠠᠢᠭᠰᠠᠨ ᠢ᠋ ᠲᠡᠷᠡ ᠮᠡᠳᠡᠭᠰᠡᠨ ᠦᠭᠡᠢ᠃ᠪᠥᠷᠲᠡ ᠶ᠋ᠢ ᠰᠢᠨ᠎ᠡ ᠵᠣᠪᠠᠯᠠᠩ ᠬᠦᠯᠢᠶᠡᠵᠦ ᠪᠠᠢᠯ᠎ᠠ᠃ᠴᠢᠩᠭᠢᠰ ᠬᠠᠭᠠᠨ ᠮᠡᠷᠭᠢᠳ ᠠᠢᠮᠠᠭ ᠢ᠋ ᠡᠵᠡᠯᠡᠨ ᠳᠠᠭᠠᠭᠤᠯᠵᠤ᠂ ᠣᠪᠰᠣ ᠮᠡᠷᠭᠢᠳ ᠦ᠋ᠨ ᠲᠣᠯᠣᠭᠠᠢᠯᠠᠭᠴᠢ ᠳ᠋ᠠᠢᠷ ᠤᠰᠤᠨ ᠤ᠋ ᠥᠬᠢᠨ ᠬᠤᠯᠠᠨ ᠢ᠋ ᠬᠠᠲᠤᠨ ᠪᠠᠭᠤᠯᠭᠠᠨ ᠠᠪᠴᠢᠷᠠᠭᠰᠠᠨ ᠨᠢ ᠪᠥᠷᠲᠡ ᠶ᠋ᠢᠨ ᠬᠠᠭᠤᠴᠢᠨ ᠠᠮᠢᠳᠤᠷᠠᠯ ᠤ᠋ᠨ ᠲᠡᠭᠦᠰᠬᠡᠯ᠂ ᠰᠢᠨ᠎ᠡ ᠵᠣᠪᠠᠯᠠᠩ ᠤ᠋ᠨ ᠡᠬᠢ ᠪᠣᠯᠵᠠᠢ᠃ᠪᠠᠰᠠ ᠥᠩᠭᠡᠷᠡᠭᠰᠡᠨ ᠬᠤᠭᠤᠴᠠᠭᠠᠨ ᠳ᠋ᠤ᠌ ᠪᠥᠷᠲᠡ ᠥᠪᠡᠷ ᠢ᠋ᠶ᠋ᠡᠨ ᠬᠤᠪᠢᠷᠠᠵᠤ ᠰᠢᠨ᠎ᠡ ᠬᠥᠮᠦᠨ ᠪᠣᠯᠤᠭᠰᠠᠨ ᠢ᠋ᠶ᠋ᠠᠨ ᠴᠤ᠌ ᠮᠡᠳᠡᠵᠡᠢ᠃ᠪᠥᠷᠲᠡ ᠶᠠᠭᠤᠨ ᠤ᠋ ᠲᠥᠯᠥᠭᠡ ᠬᠡᠷᠬᠢᠨ ᠲᠡᠮᠡᠴᠡᠬᠦ ᠪᠡᠨ ᠰᠠᠢᠨ ᠮᠡᠳᠡᠳᠡᠭ ᠪᠣᠯᠵᠠᠢ᠃ᠲᠡᠭᠦᠨ ᠦ᠌ ᠠᠯᠮᠠᠢ ᠪᠠᠭ᠎ᠠ ᠨᠠᠰᠤᠨ ᠤ᠋ ᠭᠡᠨᠡᠨ ᠵᠥᠭᠡᠯᠡᠨ ᠵᠠᠩ ᠡᠴᠡ ᠶᠠᠭᠤ ᠴᠤ᠌ ᠦᠯᠡᠳᠡᠭᠰᠡᠨ ᠦᠭᠡᠢ᠃ᠥᠪᠡᠷ ᠦ᠋ᠨ ᠬᠢᠨᠢ ᠡᠷ᠎ᠡ ᠨᠥᠬᠥᠷ ᠦ᠋ᠨ ᠡᠪᠦᠷ᠂ ᠦᠷ᠎ᠡ ᠬᠡᠦᠬᠡᠳ ᠦ᠋ᠨ ᠢᠷᠡᠭᠡᠳᠦᠢ ᠶ᠋ᠢ ᠪᠤᠯᠢᠶᠠᠯᠳᠤᠭᠴᠢ ᠬᠡᠨ ᠢ᠋ ᠴᠦ᠍ ᠪᠣᠯᠪᠠ ᠦᠵᠡᠨ ᠶᠠᠳᠠᠵᠤ᠂ ᠲᠡᠷᠡ ᠬᠥᠮᠦᠨ ᠲᠡᠢ ᠥᠰᠢᠷᠬᠡᠨ ᠲᠡᠮᠡᠴᠡᠬᠦ ᠵᠣᠷᠢᠭ ᠬᠦᠴᠦ᠂ ᠤᠬᠠᠭᠠᠨ ᠲᠡᠭᠦᠨ ᠳ᠋ᠦ᠍ ᠨᠢᠭᠡᠨᠲᠡ ᠴᠣᠭᠴᠠᠯᠠᠵᠠᠢ᠃ᠪᠥᠷᠲᠡ ᠣᠳᠣ ᠴᠢᠩᠭᠢᠰ ᠬᠠᠭᠠᠨ ᠤ᠋ ᠶᠡᠬᠡ ᠤᠯᠤᠰ ᠤ᠋ᠨ ᠳᠣᠲᠣᠷ᠎ᠠ ᠬᠠᠮᠤᠭ ᠤ᠋ᠨ ᠶᠡᠬᠡ ᠡᠷᠬᠡ ᠮᠠᠲᠠᠯ ᠢ᠋ ᠠᠳᠬᠤᠭᠰᠠᠨ ᠡᠮᠡᠭᠲᠡᠢ ᠪᠣᠯᠵᠠᠢ᠃ᠡᠭᠦᠨ ᠢ᠋ ᠦᠯᠦ ᠵᠥᠪᠰᠢᠶᠡᠷᠡᠬᠦ ᠬᠥᠮᠦᠨ ᠨᠢᠭᠡ ᠴᠦ᠍ ᠦᠭᠡᠢ ᠪᠠᠢᠪᠠ᠃ᠮᠡᠷᠭᠢᠳ ᠭᠠᠷᠤᠯ ᠤ᠋ᠨ ᠬᠤᠯᠠᠨ ᠪᠦᠰᠡᠭᠦᠢ ᠶ᠋ᠢ ᠢᠷᠡᠲᠡᠯ᠎ᠡ ᠶᠠᠮᠠᠷ ᠴᠤ᠌ ᠪᠣᠯᠪᠠ ᠡᠢᠮᠦ ᠪᠠᠢᠵᠠᠢ᠃ᠭᠤᠸ᠎ᠠ ᠦᠵᠡᠰᠬᠦᠯᠡᠩ ᠲᠡᠭᠦᠰ᠂ ᠵᠠᠩ ᠠᠭᠠᠰᠢ ᠬᠤᠷᠴᠠ ᠡᠷᠡᠮᠡᠬᠡᠢ ᠬᠤᠯᠠᠨ ᠳ᠋ᠤ᠌ ᠬᠦᠢᠲᠡᠨ ᠬᠥᠨᠳᠡᠢ ᠬᠠᠨᠳᠤᠬᠤ ᠰᠢᠯᠲᠠᠭᠠᠨ ᠪᠥᠷᠲᠡ ᠳ᠋ᠦ᠍ ᠪᠠᠢᠭᠰᠠᠨ ᠪᠢᠯᠡ᠃ᠡᠨᠡ ᠨᠢ ᠭᠠᠭᠴᠠᠬᠠᠨ ᠮᠡᠷᠭᠢᠳ ᠲᠦ᠍ ᠪᠤᠯᠢᠶᠠᠭᠳᠠᠭᠰᠠᠨ ᠭᠠᠰᠢᠭᠤᠨ ᠲᠡᠦᠬᠡ ᠲᠡᠢ ᠴᠦ᠍ ᠬᠣᠯᠪᠣᠭᠠᠲᠠᠢ ᠪᠢᠰᠢ ᠶᠤᠮ᠃ᠰᠡᠳᠬᠢᠯ ᠦ᠋ᠨ ᠴᠢᠨᠠᠳᠤ ᠨᠢᠭᠤᠴᠠ ᠰᠢᠯᠲᠠᠭᠠᠨ ᠢ᠋ᠶ᠋ᠠᠨ ᠪᠥᠷᠲᠡ ᠬᠡᠨ ᠳ᠋ᠦ᠍ ᠴᠦ᠍ ᠢᠯᠡᠴᠢᠯᠡᠨ ᠮᠡᠳᠡᠭᠳᠡᠭᠰᠡᠨ ᠦᠭᠡᠢ᠃ᠲᠡᠮᠦᠵᠢᠨ ᠶᠡᠬᠡ ᠬᠠᠭᠠᠨ ᠳ᠋ᠤ᠌ ᠡᠷᠭᠦᠮᠵᠢᠯᠡᠭᠳᠡᠭᠰᠡᠨ ᠡᠴᠡ ᠬᠣᠢᠰᠢ ᠪᠥᠷᠲᠡ ᠶ᠋ᠢᠨ ᠳ᠋ᠦ᠍ ᠢᠷᠡᠵᠦ ᠬᠣᠨᠣᠬᠤ ᠨᠢ ᠢᠯᠡᠳᠲᠡ ᠴᠥᠭᠡᠷᠡᠵᠦ ᠢᠷᠡᠭᠰᠡᠨ ᠴᠦ᠍ ᠳᠤᠷᠠᠲᠠᠢ ᠳᠤᠷ᠎ᠠ ᠦᠭᠡᠢ ᠢᠯᠪᠢᠵᠦ ᠲᠠᠭᠠᠯᠠᠵᠤ᠂ ᠡᠳ᠋ᠯᠡᠵᠦ ᠵᠢᠷᠭᠠᠭᠠᠬᠤ ᠨᠢ ᠪᠦᠷ ᠬᠣᠯᠠᠳᠴᠠᠢ᠃ᠨᠠᠰᠤᠨ ᠤ᠋ ᠵᠢᠮ᠎ᠡ ᠪᠡᠷ ᠳᠤᠷ᠎ᠠ ᠲᠠᠴᠢᠶᠠᠯ ᠳᠠᠷᠤᠭᠳᠠᠭᠰᠠᠨ ᠬᠡᠳᠦᠢ ᠴᠦ᠍ ᠡᠮ᠎ᠡ ᠶ᠋ᠢᠨ ᠶᠣᠰᠣᠭᠠᠷ ᠡᠯᠳᠡᠪᠯᠡᠭᠦᠯᠦᠨ ᠵᠢᠷᠭᠠᠬᠤ ᠠᠳᠠ ᠶ᠋ᠢᠨ ᠬᠦᠰᠡᠯ ᠨᠢ ᠣᠭᠲᠣ ᠪᠠᠭᠤᠷᠠᠭ᠎ᠠ ᠦᠭᠡᠢ ᠪᠠᠢᠭᠰᠠᠨ ᠨᠢ ᠪᠥᠷᠲᠡ ᠳ᠋ᠦ᠍ ᠪᠡᠶ᠎ᠡ ᠰᠡᠳᠬᠢᠯ ᠦ᠋ᠨ ᠰᠢᠨᠠᠯᠤᠯ ᠨᠡᠮᠡᠵᠡᠢ᠃ᠡᠷ᠎ᠡ ᠳ᠋ᠡᠭᠡᠨ ᠭᠣᠯᠣᠭᠳᠠᠵᠤ ᠬᠣᠴᠣᠷᠤᠭᠰᠠᠨ ᠡᠮ᠎ᠡ ᠪᠠᠢᠬᠤ ᠶ᠋ᠢ ᠪᠥᠷᠲᠡ ᠶᠠᠭᠠᠬᠢᠭᠠᠳ ᠴᠤ᠌ ᠵᠥᠪᠰᠢᠶᠡᠷᠡᠵᠦ ᠴᠢᠳᠠᠬᠤ ᠦᠭᠡᠢ ᠪᠠᠢᠪᠠ᠃ᠡᠵᠡᠭᠦᠢ ᠲᠠᠩᠰᠤᠭ ᠦᠷᠭᠦᠭᠡᠨ ᠳ᠋ᠦ᠍ ᠡᠷ᠎ᠡ ᠪᠡᠨ ᠬᠦᠰᠡᠮᠵᠢᠯᠡᠨ ᠰᠥᠨᠢ ᠶ᠋ᠢ ᠪᠠᠷᠠᠨ᠎ᠠ ᠭᠡᠳᠡᠭ ᠪᠥᠷᠲᠡ ᠡᠴᠡ ᠥᠭᠡᠷ᠎ᠡ ᠡᠮ᠎ᠡ ᠪᠣᠯ ᠲᠡᠪᠴᠢᠨ ᠲᠡᠰᠬᠦ ᠶ᠋ᠢᠨ ᠠᠷᠭ᠎ᠠ ᠦᠭᠡᠢ ᠲᠠᠮᠤᠯᠠᠯ ᠠᠵᠢ᠃ᠡᠢᠨ ᠭᠠᠭᠴᠠᠭᠠᠷ ᠬᠡᠪᠲᠡᠬᠦ ᠳ᠋ᠡᠭᠡᠨ ᠬᠠᠯᠠᠭᠤᠨ ᠨᠢᠯᠪᠤᠰᠤ ᠪᠠᠷ ᠢ᠋ᠶ᠋ᠠᠨ ᠳᠡᠷ᠎ᠡ ᠪᠡᠨ ᠨᠡᠪᠲᠡᠯᠵᠦ ᠦᠷ ᠴᠠᠢᠯᠭᠠᠨ᠎ᠠ᠃ᠭᠡᠪᠡᠴᠦ ᠭᠤᠨᠢᠵᠤ ᠭᠤᠲᠤᠷᠠᠵᠤ᠂ ᠵᠣᠪᠠᠵᠤ ᠰᠢᠨᠠᠯᠵᠤ ᠪᠠᠢᠭ᠎ᠠ ᠪᠠᠨ ᠬᠡᠨ ᠳ᠋ᠦ᠍ ᠴᠦ᠍ ᠮᠡᠳᠡᠭᠳᠡᠬᠦ ᠡᠷᠬᠡ ᠲᠡᠭᠦᠨ ᠳ᠋ᠦ᠍ ᠪᠠᠢᠭᠰᠠᠨ ᠦᠭᠡᠢ᠃ᠢᠩᠭᠢᠵᠦ ᠡᠮ᠎ᠡ ᠬᠥᠮᠦᠨ ᠦ᠌ ᠥᠴᠦᠬᠡᠨ ᠰᠡᠳᠬᠢᠯ᠂ ᠠᠭᠠᠰᠢ ᠭᠠᠷᠭᠠᠬᠤ ᠨᠢ ᠴᠢᠩᠭᠢᠰ ᠬᠠᠭᠠᠨ ᠤ᠋ ᠶᠡᠬᠡ ᠬᠠᠲᠤᠨ ᠳ᠋ᠤ᠌ ᠦᠯᠦ ᠵᠣᠬᠢᠬᠤ ᠲᠤᠯᠠ ᠣᠯᠠᠨ ᠤ᠋ ᠳᠡᠷᠭᠡᠳᠡ ᠬᠦᠴᠦ ᠪᠡᠷ ᠢᠨᠢᠶᠡᠮᠰᠦᠭᠯᠡᠵᠦ᠂ ᠶᠡᠬᠡᠮᠰᠦᠭᠯᠡᠨ ᠶᠠᠪᠤᠬᠤ ᠡᠴᠡ ᠥᠭᠡᠷ᠎ᠡ ᠠᠷᠭ᠎ᠠ ᠦᠭᠡᠢ ᠪᠠᠢᠯ᠎ᠠ᠃ᠪᠥᠷᠲᠡ ᠢᠩᠭᠢᠵᠦ ᠬᠣᠶᠠᠷ ᠠᠮᠢᠳᠤᠷᠠᠯ ᠢ᠋ᠶ᠋ᠠᠷ ᠠᠮᠢᠳᠤᠷᠠᠬᠤ ᠪᠣᠯᠤᠭᠰᠠᠨ ᠳ᠋ᠠᠭᠠᠨ ᠶᠡᠬᠡᠳᠡ ᠰᠢᠨᠠᠯᠵᠤ ᠣᠢᠯᠠᠭᠠᠵᠤ ᠲᠤᠰᠠᠯᠠᠬᠤ ᠰᠡᠳᠬᠢᠯ ᠦ᠋ᠨ ᠬᠠᠨᠢ ᠡᠷᠢᠯᠬᠢᠯᠡᠬᠦ ᠪᠣᠯᠤᠭᠰᠠᠨ ᠢ᠋ᠶ᠋ᠠᠨ ᠥᠪᠡᠷ ᠢ᠋ᠶ᠋ᠡᠨ ᠴᠦ᠍ ᠮᠡᠳᠡᠭᠡ ᠦᠭᠡᠢ ᠪᠢᠯᠡ᠃ᠥᠨᠥᠴᠢᠷᠡᠭᠰᠡᠨ ᠰᠡᠳᠬᠢᠯ ᠢ᠋ ᠨᠢ ᠣᠢᠯᠠᠭᠠᠨ ᠡᠩᠬᠦᠷᠡᠢᠯᠡᠬᠦ ᠡᠷ᠎ᠡ ᠬᠦᠢᠰᠦᠲᠡᠨ ᠭᠠᠷᠪᠠᠯ ᠵᠢᠷᠦᠬᠡ ᠪᠡᠨ ᠪᠤᠯᠭᠢᠭᠤᠯᠤᠨ ᠤᠭᠲᠤᠬᠤ ᠳ᠋ᠤ᠌ ᠴᠤ᠌ ᠲᠡᠷᠡ ᠪᠡᠯᠡᠨ ᠪᠣᠯᠤᠭᠠᠳ ᠪᠠᠢᠪᠠ᠃
ᠵᠥᠴᠢ ᠶ᠋ᠢ ᠣᠢ ᠶ᠋ᠢᠨ ᠢᠷᠭᠡᠳ ᠢ᠋ ᠳᠠᠭᠠᠭᠤᠯᠤᠨ ᠰᠦᠷ ᠬᠡᠢ ᠮᠣᠷᠢ ᠪᠠᠨ ᠪᠠᠳᠠᠷᠠᠭᠠᠨ ᠪᠤᠴᠠᠵᠤ ᠢᠷᠡᠭᠰᠡᠨ ᠲᠡᠷᠡ ᠵᠢᠯ ᠪᠥᠷᠲᠡ ᠳᠥᠴᠢᠨ ᠳᠣᠯᠣᠭᠠᠨ ᠨᠠᠰᠤ ᠬᠦᠷᠴᠡᠢ᠃ᠪᠥᠷᠲᠡ ᠡᠬᠡ ᠶ᠋ᠢᠨ ᠢ᠋ᠶ᠋ᠡᠨ ᠭᠠᠭᠴᠠᠭᠠᠷᠳᠠᠭᠰᠠᠨ ᠰᠡᠳᠬᠢᠯ ᠢ᠋ ᠬᠠᠮᠤᠭ ᠤ᠋ᠨ ᠲᠣᠳᠣ ᠪᠠᠷ ᠣᠢᠯᠠᠭᠠᠭᠰᠠᠨ ᠬᠥᠮᠦᠨ ᠪᠣᠯ ᠵᠥᠴᠢ ᠶᠤᠮ᠃ᠡᠴᠢᠭᠡ ᠨᠢ ᠥᠭᠡᠷ᠎ᠡ ᠡᠮ᠎ᠡ ᠠᠪᠴᠢᠷᠠᠨ ᠬᠠᠲᠤᠨ ᠳ᠋ᠤ᠌ ᠡᠷᠭᠦᠮᠵᠢᠯᠡᠬᠦ ᠶ᠋ᠢ ᠵᠥᠴᠢ ᠬᠡᠵᠢᠶ᠎ᠡ ᠴᠦ᠍ ᠰᠠᠢᠰᠢᠶᠠᠨ ᠳᠡᠮᠵᠢᠵᠦ ᠪᠠᠢᠭᠰᠠᠨ ᠦᠭᠡᠢ ᠨᠢ ᠪᠥᠷᠲᠡ ᠡᠬᠡ ᠶ᠋ᠢ ᠪᠡᠨ ᠬᠠᠢᠷᠠᠯᠠᠭᠰᠠᠨ ᠤ᠋ ᠬᠢ ᠶᠤᠮ᠃ᠭᠤᠸ᠎ᠠ ᠦᠵᠡᠰᠬᠦᠯᠡᠩᠲᠡᠢ᠂ ᠪᠠᠰᠠ ᠲᠡᠭᠡᠭᠡᠳ ᠮᠡᠷᠭᠢᠳ ᠭᠠᠷᠤᠯ ᠤ᠋ᠨ ᠬᠤᠯᠠᠨ ᠢ᠋ ᠬᠠᠲᠤᠨ ᠪᠠᠭᠤᠯᠭᠠᠬᠤ ᠳ᠋ᠤ᠌ ᠡᠬᠡ ᠨᠢ ᠶᠠᠭᠠᠬᠢᠵᠤ ᠰᠢᠨᠠᠯᠵᠤ᠂ ᠲᠡᠭᠦᠨ ᠢ᠋ ᠪᠡᠨ ᠨᠢᠭᠤᠬᠤ ᠭᠡᠵᠦ ᠬᠡᠷᠬᠢᠨ ᠵᠣᠪᠠᠵᠤ ᠪᠠᠢᠭ᠎ᠠ ᠶ᠋ᠢ ᠮᠡᠳᠡᠷᠡᠭᠰᠡᠨ ᠬᠥᠮᠦᠨ ᠪᠣᠯ ᠭᠠᠭᠴᠠ ᠵᠥᠴᠢ ᠪᠠᠢᠪᠠ᠃ᠬᠠᠢᠷᠠᠲᠠᠢ ᠡᠬᠡ ᠶ᠋ᠢ ᠨᠢ ᠬᠦᠴᠦ ᠲᠦᠷᠢᠮᠡᠬᠡᠢᠯᠡᠨ ᠪᠤᠯᠢᠶᠠᠭᠰᠠᠨ ᠮᠡᠷᠭᠢᠳ ᠢ᠋ ᠦᠵᠡᠨ ᠶᠠᠳᠠᠬᠤ ᠰᠡᠳᠬᠢᠯ ᠵᠥᠴᠢ ᠶ᠋ᠢᠨ ᠳᠣᠲᠣᠷ᠎ᠠ ᠬᠡᠵᠢᠶ᠎ᠡ ᠴᠦ᠍ ᠰᠠᠯᠬᠤ ᠦᠭᠡᠢ ᠪᠡᠷ ᠪᠠᠲᠤ ᠰᠢᠩᠭᠡᠭᠰᠡᠨ ᠪᠢᠯᠡ᠃ᠵᠥᠴᠢ ᠥᠪᠡᠷ ᠢ᠋ ᠪᠡᠨ ᠮᠡᠷᠭᠢᠳ ᠴᠢᠰᠤ ᠲᠠᠢ ᠭᠡᠳᠡᠭ ᠢ᠋ ᠬᠡᠵᠢᠶ᠎ᠡ ᠴᠦ᠍ ᠵᠥᠪᠰᠢᠶᠡᠷᠡᠳᠡᠭ ᠦᠭᠡᠢ ᠶ᠋ᠢᠨ ᠠᠳᠠᠯᠢ ᠮᠡᠷᠭᠢᠳ ᠬᠥᠮᠦᠨ ᠢ᠋ ᠥᠪᠡᠷ ᠦ᠋ᠨ ᠬᠠᠮᠤᠭ ᠤ᠋ᠨ ᠥᠰᠲᠦ ᠳᠠᠢᠰᠤᠨ ᠢ᠋ᠶ᠋ᠠᠨ ᠭᠡᠵᠦ ᠦᠵᠡᠳᠡᠭ ᠪᠣᠯᠤᠨ ᠬᠥᠮᠦᠵᠢᠵᠡᠢ᠃ᠡᠨᠡ ᠪᠣᠯ ᠪᠥᠷᠲᠡ ᠶ᠋ᠢᠨ ᠵᠥᠴᠢ ᠬᠥᠪᠡᠭᠦᠨ ᠳ᠋ᠡᠭᠡᠨ ᠵᠢᠷᠦᠬᠡ ᠰᠡᠳᠬᠢᠯ ᠳ᠋ᠦ᠍ᠨᠢ ᠭᠦᠨ ᠰᠢᠩᠭᠡᠲᠡᠯ᠎ᠡ ᠰᠤᠷᠭᠠᠭᠰᠠᠨ ᠤᠬᠠᠭᠠᠨ  ᠶᠤᠮ᠃ᠲᠡᠢᠮᠦ ᠤᠴᠢᠷ ᠡᠴᠡ ᠮᠡᠷᠭᠢᠳ ᠴᠢᠰᠤᠨ ᠤ᠋ ᠬᠤᠯᠠᠨ ᠪᠦᠰᠡᠭᠦᠢ ᠶ᠋ᠢ ᠴᠢᠩᠭᠢᠰ ᠬᠠᠭᠠᠨ ᠡᠴᠢᠭᠡ ᠨᠢ ᠬᠠᠲᠤᠨ ᠪᠠᠭᠤᠯᠭᠠᠭᠰᠠᠨ ᠢ᠋ ᠡᠬᠡ ᠶ᠋ᠢ ᠨᠢ ᠳᠣᠷᠣᠮᠵᠢᠯᠠᠭᠰᠠᠨ ᠬᠡᠷᠡᠭ᠂ ᠪᠠᠰᠠ ᠥᠰᠲᠦ ᠮᠡᠷᠭᠢᠳ ᠢ᠋ ᠥᠷᠥᠰᠢᠶᠡᠭᠰᠡᠨ ᠶᠠᠪᠤᠳᠠᠯ ᠭᠡᠵᠦ ᠵᠥᠴᠢ ᠲᠣᠭᠠᠴᠠᠵᠠᠢ᠃ᠴᠢᠩᠭᠢᠰ ᠬᠠᠭᠠᠨ ᠡᠴᠢᠭᠡ ᠶ᠋ᠢᠨ ᠢ᠋ᠶ᠋ᠡᠨ ᠢᠲᠡᠭᠡᠯ ᠢ᠋ ᠣᠯᠤᠭᠰᠠᠨ ᠳ᠋ᠠᠭᠠᠨ ᠪᠠᠷᠳᠠᠮ ᠵᠣᠷᠢᠭᠲᠠᠢ ᠪᠣᠯᠤᠭᠰᠠᠨ ᠵᠥᠴᠢ ᠡᠨᠡ ᠰᠠᠨᠠᠭ᠎ᠠ ᠪᠠᠨ ᠪᠥᠷᠲᠡ ᠡᠬᠡ ᠳ᠋ᠡᠭᠡᠨ ᠰᠢᠭᠤᠳ ᠬᠡᠯᠡᠵᠦ ᠬᠤᠯᠠᠨ ᠢ᠋ ᠴᠢᠩᠭᠢᠰ ᠬᠠᠭᠠᠨ ᠤ᠋ ᠬᠦᠷᠢᠶᠡᠨ ᠡᠴᠡ ᠦᠳᠲᠡᠷ ᠲᠦᠷᠭᠡᠨ ᠵᠠᠢᠯᠠᠭᠤᠯᠬᠤ ᠶ᠋ᠢ ᠱᠠᠭᠠᠷᠳᠠᠵᠠᠢ᠃ᠪᠥᠷᠲᠡ ᠬᠠᠢᠷᠠᠲᠠᠢ ᠳᠤᠭᠤᠯᠭᠠᠪᠤᠷᠢᠲᠠᠢ ᠬᠥᠪᠡᠭᠦᠨ ᠢ᠋ᠶ᠋ᠡᠨ ᠲᠠᠨᠢᠭᠰᠠᠨ ᠦᠭᠡᠢ᠃ᠵᠥᠴᠢ ᠶ᠋ᠢᠨ ᠪᠤᠬᠢᠮᠲᠤᠯ ᠠᠭᠤᠷ ᠬᠢᠯᠢᠩ ᠬᠢᠵᠠᠭᠠᠷ ᠦᠭᠡᠢ ᠪᠠᠢᠭᠰᠠᠨ ᠨᠢ ᠪᠥᠷᠲᠡ ᠶ᠋ᠢ ᠶᠠᠭᠤ ᠶᠠᠭᠤᠨ ᠡᠴᠡ ᠢᠯᠡᠭᠦᠦ ᠲᠦᠭᠰᠢᠭᠦᠯᠵᠡᠢ᠃ᠤᠬᠠᠭᠠᠨ ᠰᠠᠨᠠᠭ᠎ᠠ ᠨᠢ ᠪᠠᠢᠷᠢᠭᠤᠰᠢᠵᠤ ᠲᠣᠭᠲᠠᠭ᠎ᠠ ᠦᠭᠡᠢ ᠬᠥᠪᠡᠭᠦᠨ ᠨᠢ ᠬᠡᠳᠦᠢ ᠵᠥᠪ ᠶᠠᠭᠤᠮ᠎ᠠ ᠪᠣᠳᠣᠯ᠎ᠠ ᠴᠤ᠌ ᠥᠪᠡᠷ ᠢ᠋ ᠪᠡᠨ ᠬᠥᠨᠥᠭᠡᠬᠦ ᠠᠶᠤᠯᠲᠠᠢ ᠵᠠᠮ ᠰᠣᠩᠭᠣᠭᠰᠠᠨ ᠢ᠋ ᠪᠥᠷᠲᠡ ᠮᠡᠳᠡᠪᠡ᠃ᠡᠬᠡ ᠶ᠋ᠢ ᠪᠡᠨ ᠥᠮᠥᠭᠡᠷᠡᠭᠰᠡᠨ ᠵᠥᠴᠢ ᠶ᠋ᠢᠨ ᠰᠡᠳᠬᠢᠯ ᠡᠴᠦᠰ ᠲᠦ᠋ᠨᠢ ᠲᠡᠭᠦᠨ ᠢ᠋ ᠭᠠᠷᠴᠠᠭ᠎ᠠ ᠦᠭᠡᠢ ᠦᠬᠦᠯ ᠳ᠋ᠦ᠍ ᠬᠦᠷᠭᠡᠬᠦ ᠨᠢ ᠯᠠᠪᠲᠠᠢ ᠲᠤᠯᠠ ᠬᠥᠪᠡᠭᠦᠨ ᠦ᠌ ᠪᠡᠨ ᠳᠣᠭᠳᠣᠯᠵᠤ ᠣᠷᠭᠢᠯᠤᠭᠰᠠᠨ ᠰᠡᠳᠬᠢᠯ ᠢ᠋ ᠲᠠᠢᠳᠬᠤᠷᠠᠭᠤᠯᠵᠤ ᠬᠡᠷᠡᠭ ᠦ᠋ᠨ ᠴᠠᠭᠠᠳᠤ ᠭᠦᠨᠵᠡᠭᠡᠢ ᠤᠴᠢᠷ ᠢ᠋ ᠣᠢᠯᠠᠭᠠᠭᠤᠯᠬᠤ ᠨᠢ ᠪᠥᠷᠲᠡ ᠳ᠋ᠦ᠍ ᠬᠠᠮᠤᠭ ᠡᠴᠡ ᠬᠡᠴᠡᠭᠦᠦ ᠪᠠᠢᠯ᠎ᠠ᠃ᠬᠤᠯᠠᠨ ᠢ᠋ ᠬᠠᠲᠤᠨ ᠪᠠᠭᠤᠯᠭᠠᠭᠰᠠᠨ ᠨᠢ ᠴᠢᠩᠭᠢᠰ ᠬᠠᠭᠠᠨ ᠤ᠋ ᠵᠠᠷᠯᠢᠭ ᠲᠤᠯᠠ ᠪᠥᠷᠲᠡ ᠡᠬᠡ ᠨᠢ ᠴᠦ᠍ ᠵᠥᠷᠢᠬᠦ ᠡᠷᠬᠡ ᠦᠭᠡᠢ ᠭᠡᠳᠡᠭ ᠢ᠋ ᠬᠦᠯᠢᠶᠡᠨ ᠵᠥᠪᠰᠢᠶᠡᠷᠡᠬᠦ ᠨᠢ ᠵᠥᠴᠢ ᠳ᠋ᠦ᠍ ᠳᠠᠩᠴᠤ ᠬᠡᠴᠡᠭᠦᠦ ᠪᠠᠢᠭᠰᠠᠨ ᠪᠢᠯᠡ᠃ᠶᠠᠭᠤᠨ ᠤ᠋ ᠲᠥᠯᠥᠭᠡ ᠡᠢᠮᠦ ᠬᠡᠴᠡᠭᠦᠦ ᠪᠡᠷᠬᠡ ᠳᠣᠷᠣᠮᠵᠢᠯᠠᠯ ᠠᠮᠰᠠᠨ ᠠᠮᠢᠳᠤᠷᠠᠬᠤ ᠤᠴᠢᠷ ᠲᠠᠢ ᠪᠠᠨ ᠣᠢᠯᠠᠭᠠᠬᠤ ᠴᠠᠭ ᠵᠥᠴᠢ ᠶ᠋ᠢᠨ ᠬᠤᠪᠢ ᠳ᠋ᠤ᠌ ᠠᠷᠠᠢ ᠪᠣᠯᠤᠭ᠎ᠠ ᠦᠭᠡᠢ ᠪᠠᠢᠪᠠ᠃
— ᠬᠥᠪᠡᠭᠦᠨ ᠮᠢᠨᠢ ᠴᠢ ᠡᠬᠡ ᠶ᠋ᠢ ᠪᠡᠨ ᠪᠦᠦ ᠪᠣᠳᠣ᠃ᠪᠢ ᠴᠢᠮᠠᠶ᠋ᠢ ᠬᠥᠮᠦᠨ ᠪᠣᠯᠭᠠᠬᠤ ᠭᠡᠵᠦ ᠶᠠᠭᠠᠬᠢᠵᠤ ᠵᠣᠪᠠᠵᠤ ᠰᠢᠨᠠᠯᠤᠭᠰᠠᠨ ᠢ᠋ ᠴᠢ ᠮᠡᠳᠡᠨ᠎ᠡ᠃ᠴᠢᠩᠭᠢᠰ ᠬᠠᠭᠠᠨ ᠡᠴᠢᠭᠡ ᠶ᠋ᠢ ᠪᠡᠨ ᠬᠢᠯᠢᠩᠨᠡᠭᠦᠯᠵᠦ ᠥᠪᠡᠷ ᠦ᠋ᠨ ᠬᠠᠢᠷᠠᠨ ᠠᠮᠢ ᠶ᠋ᠢ ᠪᠤᠤ ᠵᠣᠯᠢᠶᠠᠰᠤᠯᠠ᠃ᠡᠮ᠎ᠡ ᠬᠥᠮᠦᠨ ᠦ᠌ ᠬᠤᠪᠢ ᠲᠠᠪᠢᠯᠠᠩ ᠡᠢᠮᠦ ᠬᠣᠢᠨ᠎ᠠ ᠡᠭᠦᠨ ᠦ᠌ ᠲᠥᠯᠥᠭᠡ ᠳᠡᠮᠡᠢ ᠪᠤᠤ ᠪᠣᠬᠢᠮᠳᠤ᠃ᠭᠠᠭᠴᠠᠬᠠᠨ ᠥᠪᠡᠷ ᠢ᠋ ᠪᠡᠨ ᠪᠣᠳᠣ ᠭᠡᠵᠦ ᠤᠬᠢᠯᠠᠵᠤ ᠬᠡᠯᠡᠭᠰᠡᠨ ᠡᠬᠡ ᠶ᠋ᠢᠨ ᠢ᠋ᠶ᠋ᠡᠨ ᠦᠭᠡ ᠶ᠋ᠢ ᠰᠣᠨᠣᠰᠤᠭᠰᠠᠨ ᠵᠥᠴᠢ ᠲᠡᠰᠬᠡᠯ ᠦᠭᠡᠢ ᠨᠢᠯᠪᠤᠰᠤ ᠤᠨᠠᠭᠠᠪᠠ᠃ᠡᠬᠡ ᠶ᠋ᠢᠨ ᠢ᠋ᠶ᠋ᠡᠨ ᠦᠨᠡᠨ ᠦᠭᠡ ᠶ᠋ᠢ ᠰᠣᠨᠣᠰᠤᠭᠠᠳ ᠥᠪᠡᠷ ᠦ᠋ᠨ ᠡᠷᠬᠡ ᠦᠭᠡᠢ ᠵᠥᠪᠰᠢᠶᠡᠷᠡᠨ ᠠᠭᠤᠷ ᠢ᠋ᠶ᠋ᠠᠨ ᠳᠠᠷᠤᠭᠰᠠᠨ ᠬᠡᠳᠦᠢ ᠴᠦ᠍ ᠬᠤᠯᠠᠨ ᠬᠠᠲᠤᠨ ᠢ᠋ ᠬᠣᠶᠠᠷ ᠨᠢᠳᠦ ᠪᠡᠷ ᠲᠡᠭᠰᠢ ᠬᠠᠷᠠᠬᠤ ᠦᠭᠡᠢ ᠪᠣᠯᠵᠠᠢ᠃ᠡᠬᠡ ᠬᠦᠦ ᠬᠣᠶᠠᠷ ᠤ᠋ᠨ ᠬᠣᠭᠣᠷᠣᠨᠳᠣ ᠪᠣᠯᠤᠭᠰᠠᠨ ᠡᠨᠡ ᠶᠠᠷᠢᠶ᠎ᠠ ᠶ᠋ᠢ ᠬᠠᠷᠢᠨ ᠬᠡᠨ ᠴᠦ᠍ ᠮᠡᠳᠡᠭᠰᠡᠨ ᠦᠭᠡᠢ᠃
ᠪᠥᠷᠲᠡ ᠵᠥᠴᠢ ᠶ᠋ᠢ ᠬᠡᠳᠦᠢ ᠲᠠᠢᠪᠤᠰᠢᠷᠠᠭᠤᠯᠤᠨ ᠢᠳᠬᠠᠵᠤ ᠬᠠᠭᠠᠨ ᠡᠴᠢᠭᠡ ᠲᠡᠢ ᠪᠡᠨ ᠢᠯᠡ ᠵᠥᠷᠢᠴᠡᠯᠳᠦᠬᠦ ᠠᠶᠤᠯ ᠡᠴᠡ ᠭᠡᠲᠦᠯᠭᠡᠭᠰᠡᠨ ᠴᠦ᠍ ᠬᠤᠯᠠᠨ ᠬᠠᠲᠤᠨ ᠳ᠋ᠤ᠌ ᠬᠣᠷᠣᠨ ᠰᠠᠨᠠᠬᠤ ᠨᠢ ᠥᠭᠡᠷᠡᠴᠢᠯᠡᠭᠳᠡᠭᠰᠡᠨ ᠦᠭᠡᠢ ᠪᠢᠯᠡ᠃ᠲᠡᠮᠦᠵᠢᠨ ᠬᠤᠯᠠᠨ ᠬᠠᠲᠤᠨ ᠢ᠋ᠶ᠋ᠠᠨ ᠦᠨᠡᠨ ᠬᠦ᠌ ᠰᠡᠳᠬᠢᠯ ᠢ᠋ᠶ᠋ᠡᠷ ᠬᠠᠢᠷᠠᠯᠠᠨ ᠪᠥᠷᠲᠡ ᠪᠣᠯᠤᠭᠠᠳ ᠪᠤᠰᠤᠳ ᠬᠠᠲᠤᠳ ᠡᠴᠡ ᠪᠠᠨ ᠣᠨᠴᠠᠭᠠᠢᠯᠠᠨ ᠬᠠᠯᠠᠮᠵᠢᠯᠠᠵᠤ ᠡᠩᠬᠦᠷᠡᠢᠯᠡᠬᠦ ᠪᠣᠯᠤᠭᠰᠠᠨ ᠢ᠋ ᠲᠡᠪᠴᠢᠬᠦ  ᠳ᠋ᠦ᠍ ᠬᠡᠴᠡᠭᠦᠦ ᠪᠠᠢᠪᠠ᠃ᠪᠥᠷᠲᠡ ᠢᠩᠭᠢᠵᠦ ᠡᠮ᠎ᠡ ᠬᠥᠮᠦᠨ ᠦ᠌ ᠠᠲᠠᠭ᠎ᠠ ᠬᠣᠷᠣᠰᠤᠯ ᠳ᠋ᠤ᠌ ᠠᠪᠲᠠᠭᠰᠠᠨ ᠨᠢ ᠥᠪᠡᠷ ᠦ᠋ᠨ ᠪᠣᠯᠤᠭᠠᠳ ᠥᠷᠥᠭᠡᠯ ᠪᠤᠰᠤᠳ ᠤ᠋ᠨ ᠣᠯᠠᠨ ᠣᠯᠠᠨ ᠵᠣᠪᠠᠯᠠᠩ ᠤ᠋ᠨ ᠡᠭᠦᠳᠡ ᠶ᠋ᠢ ᠨᠡᠭᠡᠭᠡᠵᠡᠢ᠃ᠭᠡᠪᠡᠴᠦ ᠪᠥᠷᠲᠡ ᠢᠮᠠᠭᠲᠠ ᠥᠪᠡᠷ ᠢ᠋ ᠪᠡᠨ ᠥᠮᠥᠭᠡᠷᠡᠵᠦ ᠵᠥᠪᠲᠥᠭᠡᠨ ᠪᠣᠳᠣᠬᠤ ᠤᠴᠢᠷ ᠦᠰ ᠬᠣᠨᠵᠢᠩ ᠠᠪᠬᠤ ᠨᠢ ᠲᠡᠭᠦᠨ ᠳ᠋ᠦ᠍ ᠪᠠᠶᠠᠷ ᠪᠠᠬᠠᠳᠤᠯ ᠲᠥᠷᠥᠭᠦᠯᠳᠡᠭ ᠪᠠᠢᠪᠠ᠃ᠡᠢᠨ ᠬᠦ᠌ ᠦᠰ ᠬᠣᠨᠵᠢᠩ ᠤ᠋ᠨ ᠦᠯᠦ ᠲᠠᠰᠤᠷᠠᠬᠤ ᠬᠣᠷᠣ ᠪᠥᠷᠲᠡ ᠶ᠋ᠢᠨ ᠰᠡᠳᠬᠢᠯ  ᠳ᠋ᠦ᠍ ᠭᠦᠨ ᠰᠢᠩᠭᠡᠵᠡᠢ᠃ᠪᠤᠰᠤᠳ ᠡᠴᠡ ᠢᠯᠡᠭᠦᠦ ᠡᠷᠬᠡ ᠮᠠᠲᠠᠯ ᠲᠠᠢ ᠂ ᠬᠦᠴᠦᠷᠬᠡᠭ ᠪᠠᠢᠬᠤ ᠶ᠋ᠢᠨ ᠠᠮᠲᠠᠨ ᠳ᠋ᠤ᠌ ᠨᠢᠭᠡᠨᠲᠡ ᠠᠪᠲᠠᠭᠰᠠᠨ ᠬᠡᠨ ᠪᠣᠯᠪᠠᠴᠤ ᠪᠥᠷᠲᠡ ᠶ᠋ᠢᠨ ᠠᠳᠠᠯᠢ ᠪᠣᠯᠬᠤ ᠪᠢᠵᠡ ᠠ᠋᠃
ᠵᠥᠴᠢ ᠶ᠋ᠢ ᠭᠡᠷᠯᠡᠭᠦᠯᠦᠭᠰᠡᠨ ᠦ᠌ ᠳᠠᠷᠠᠭ᠎ᠠ ᠴᠢᠩᠭᠢᠰ ᠬᠠᠭᠠᠨ ᠤ᠋ ᠰᠡᠳᠬᠢᠯ ᠨᠢᠭᠡ ᠶᠡᠬᠡ ᠠᠴᠢᠶ᠎ᠠ ᠪᠠᠨ ᠠᠪᠴᠤ ᠬᠠᠶᠠᠭᠰᠠᠨ ᠮᠡᠲᠦ ᠬᠥᠩᠭᠡᠷᠡᠵᠦ ᠥᠪᠡᠷ ᠦ᠋ᠨ ᠶᠠᠭᠤ ᠬᠢᠭᠰᠡᠨ ᠂ ᠴᠠᠭᠠᠰᠢᠳᠠ ᠬᠡᠷᠬᠢᠬᠦ ᠶᠣᠰᠣᠲᠠᠢ ᠪᠠᠨ ᠬᠡᠳᠦ ᠬᠣᠨᠣᠭ ᠲᠤᠩᠭᠠᠨ ᠰᠢᠭᠦᠵᠦ ᠪᠣᠳᠣᠪᠠ᠃ᠲᠤᠭᠤᠷᠢᠯ ᠬᠠᠨ ᠲᠠᠢ ᠳᠠᠬᠢᠨ ᠡᠴᠢᠭᠡ ᠬᠦᠦ ᠪᠣᠯᠵᠤ ᠡᠪᠲᠡᠢ ᠨᠠᠢᠷᠲᠠᠢ ᠪᠠᠢᠭ᠎ᠠ ᠲᠤᠯᠠ ᠵᠠᠮᠤᠬ᠎ᠠ ᠶ᠋ᠢ ᠬᠠᠪᠰᠤᠷᠤᠨ ᠳᠠᠷᠤᠬᠤ ᠴᠠᠭ ᠤᠳᠠᠬᠤ ᠦᠭᠡᠢ ᠪᠣᠯᠵᠠᠢ ᠭᠡᠳᠡᠭ ᠢ᠋ ᠣᠢᠯᠠᠭᠠᠵᠤ ᠪᠠᠢᠯ᠎ᠠ᠃ᠵᠠᠮᠤᠬ᠎ᠠ ᠴᠤ᠌ ᠡᠨᠡ ᠬᠤᠭᠤᠴᠠᠭᠠᠨ ᠳ᠋ᠤ᠌ ᠵᠦᠭᠡᠷ ᠰᠠᠭᠤᠭᠰᠠᠨ ᠦᠭᠡᠢ᠃ᠲᠡᠮᠦᠵᠢᠨ ᠢ᠋ ᠂ ᠲᠣᠭᠣᠷᠢᠯ ᠬᠠᠨ ᠲᠠᠢ ᠡᠪᠳᠡᠷᠡᠯᠴᠡᠭᠦᠯᠬᠦ ᠥᠴᠦᠬᠡᠨ ᠪᠣᠯᠤᠮᠵᠢ ᠶ᠋ᠢ ᠴᠦ᠍ ᠪᠣᠯᠪᠠ ᠠᠯᠳᠠᠬᠤ ᠦᠭᠡᠢ ᠪᠠᠢᠯ᠎ᠠ᠃ᠬᠠᠷᠢᠨ ᠲᠣᠭᠣᠷᠢᠯ ᠬᠠᠨ ᠲᠠᠢ ᠡᠪ ᠡᠪᠳᠡᠷᠡᠯᠴᠡᠬᠦ ᠶ᠋ᠢ ᠲᠡᠮᠦᠵᠢᠨ ᠣᠭᠲᠣ ᠬᠦᠰᠡᠭᠰᠡᠨ ᠦᠭᠡᠢ᠃ᠭᠡᠪᠡᠴᠦ ᠬᠡᠷᠡᠭ ᠶᠠᠪᠤᠳᠠᠯ ᠲᠡᠭᠦᠨ ᠦ᠌ ᠰᠠᠨᠠᠭᠰᠠᠨ ᠢ᠋ᠶ᠋ᠠᠷ ᠪᠣᠯᠬᠤ ᠦᠭᠡᠢ ᠠᠵᠢ᠃ᠬᠣᠲᠠ ᠤᠷᠤᠭ ᠪᠠᠷᠢᠯᠳᠤᠬᠤ ᠤᠭ ᠤ᠋ᠨ ᠨᠠᠢᠷᠲᠠᠢ ᠬᠣᠯᠪᠣᠭ᠎ᠠ ᠪᠠᠨ ᠤᠯᠠᠮ ᠪᠡᠬᠢᠵᠢᠭᠦᠯᠬᠦ ᠭᠡᠰᠡᠨ ᠲᠡᠮᠦᠵᠢᠨ ᠦ᠌ ᠪᠣᠳᠣᠯ ᠲᠠᠯᠠᠭᠠᠷ ᠪᠣᠯᠪᠠ᠃ᠵᠥᠴᠢ ᠬᠥᠪᠡᠭᠦᠨ ᠳ᠋ᠡᠭᠡᠨ ᠲᠤᠭᠤᠷᠢᠯ ᠤ᠋ᠨ ᠥᠬᠢᠨ ᠴᠠᠭᠤᠷᠪᠡᠬᠢ ᠶ᠋ᠢ ᠭᠤᠶᠤᠭᠰᠠᠨ ᠳ᠋ᠤ᠌ ᠲᠤᠭᠤᠷᠢᠯ ᠤ᠋ᠨ ᠬᠥᠪᠡᠭᠦᠨ ᠰᠡᠩᠭᠦᠮ ᠵᠥᠪᠰᠢᠶᠡᠷᠡᠭᠰᠡᠨ ᠦᠭᠡᠢ ᠬᠢᠷᠢᠨ᠎ᠡ ᠬᠠᠷᠢᠨ ᠵᠠᠮᠤᠬ᠎ᠠ ᠲᠠᠢ ᠡᠪᠰᠡᠨ ᠲᠡᠮᠦᠵᠢᠨ ᠢ᠋ ᠬᠣᠷᠣᠭᠠᠬᠤ ᠪᠠᠷ ᠲᠣᠬᠢᠷᠠᠵᠤ《ᠤᠷᠤᠭ ᠪᠠᠷᠢᠯᠳᠤᠶ᠎ᠠ》 ᠭᠡᠵᠦ ᠬᠠᠭᠤᠷᠤᠨ ᠤᠷᠢᠭᠰᠠᠨ ᠢ᠋ ᠰᠡᠵᠢᠭᠯᠡᠭᠡ ᠦᠭᠡᠢ ᠲᠡᠮᠦᠵᠢᠨ ᠴᠥᠭᠡᠨ ᠴᠡᠷᠢᠭ ᠦ᠋ᠨ ᠬᠠᠮᠲᠤ ᠰᠡᠩᠭᠦᠮ ᠦ᠋ᠨ ᠬᠦᠷᠢᠶ᠎ᠡ ᠶ᠋ᠢ ᠵᠣᠷᠢᠵᠠᠢ᠃ᠠᠰᠢᠭᠦᠢ ᠵᠠᠮ ᠳ᠋ᠤ᠌ ᠬᠣᠨᠣᠭ ᠲᠠᠭᠠᠷᠠᠭᠰᠠᠨ ᠮᠡᠩᠯᠢᠭ ᠡᠴᠢᠭᠡ ᠬᠠᠰᠢᠷᠯᠠᠨ ᠰᠠᠭᠠᠲᠠᠭᠤᠯᠤᠭᠰᠠᠨ ᠨᠢ ᠦᠬᠦᠯ ᠡᠴᠡ ᠠᠪᠤᠷᠠᠭᠰᠠᠨ ᠶᠤᠮ᠃ᠬᠡᠷᠪᠡ ᠬᠠᠭᠤᠷᠲᠠᠵᠤ ᠣᠴᠢᠭᠰᠠᠨ ᠪᠣᠯ ᠵᠠᠮᠤᠬ᠎ᠠ᠂ ᠰᠡᠩᠭᠦᠮ ᠬᠣᠶᠠᠷ ᠲᠡᠮᠦᠵᠢᠨ ᠢ᠋ ᠪᠤᠴᠠᠯᠤᠭᠰᠠᠨ ᠲᠣᠰᠣ ᠲᠠᠢ ᠨᠦᠬᠡᠨ ᠳ᠋ᠦ᠍ ᠤᠨᠠᠭᠠᠨ ᠬᠣᠷᠣᠭᠠᠬᠤ ᠪᠠᠷ ᠪᠡᠯᠡᠳᠦᠭᠰᠡᠨ ᠪᠠᠢᠵᠠᠢ᠃ᠡᠨᠡ ᠭᠠᠷᠴᠠᠭ᠎ᠠ ᠦᠭᠡᠢ ᠦᠬᠦᠯ ᠡᠴᠡ ᠠᠪᠤᠷᠠᠭᠰᠠᠨ ᠨᠢ ᠲᠩᠷᠢ ᠶ᠋ᠢᠨ ᠲᠠᠭᠠᠯᠠᠯ ᠪᠠᠢᠪᠠ ᠭᠡᠮᠡᠨ ᠲᠡᠮᠦᠵᠢᠨ ᠪᠣᠳᠣᠭᠠᠳ ᠶᠡᠬᠡ ᠲᠠᠬᠢᠯᠭ᠎ᠠ ᠦᠢᠯᠡᠳᠦᠨ ᠲᠩᠷᠢ ᠳ᠋ᠦ᠍ ᠲᠠᠯᠠᠷᠬᠠᠪᠠ᠃ᠣᠳᠣ ᠲᠡᠭᠦᠨ ᠦ᠌ ᠬᠠᠮᠤᠭ ᠤ᠋ᠨ ᠵᠠᠨᠤᠯᠲᠤ ᠳᠠᠢᠰᠤᠨ ᠨᠢ ᠵᠠᠮᠤᠬ᠎ᠠ ᠪᠣᠯᠵᠠᠢ᠃ᠵᠠᠮᠤᠬ᠎ᠠ ᠶ᠋ᠢᠨ ᠡᠴᠦᠰ ᠦ᠋ᠨ ᠮᠥᠴᠡ ᠨᠢᠭᠡᠨᠲᠡ ᠢᠷᠡᠭᠰᠡᠨ ᠢ᠋ ᠲᠡᠮᠦᠵᠢᠨ ᠣᠢᠯᠠᠭᠠᠵᠤ ᠪᠠᠢᠯ᠎ᠠ᠃ᠠᠭᠠᠵᠤᠷ ᠪᠥᠬᠡ ᠶ᠋ᠢᠨ ᠲᠣᠭᠰᠢᠨ ᠰᠠᠬᠢᠭᠤᠰᠤ ᠥᠪᠡᠷ ᠢ᠋ ᠨᠢ ᠰᠠᠬᠢᠨ ᠬᠠᠮᠠᠭᠠᠯᠠᠵᠤ ᠪᠠᠢᠭᠰᠠᠨ ᠢ᠋ ᠵᠠᠮᠤᠬ᠎ᠠ ᠳᠠᠩᠴᠤ ᠦᠯᠦ ᠲᠣᠭᠣᠮᠰᠠᠷᠯᠠᠭᠰᠠᠨ ᠪᠢᠯᠡ᠃ᠭᠡᠪᠡᠴᠦ ᠵᠠᠮᠤᠬ᠎ᠠ ᠶ᠋ᠢᠨ ᠰᠦᠯᠳᠡ ᠬᠡᠢ ᠮᠣᠷᠢ ᠪᠠᠭᠤᠷᠠᠨ ᠳᠣᠷᠣᠢᠲᠠᠭᠰᠠᠨ ᠤᠴᠢᠷ ᠢ᠋ ᠲᠡᠮᠦᠵᠢᠨ ᠨᠢᠭᠡᠨᠲᠡ ᠮᠡᠳᠡᠬᠦ ᠦᠭᠡᠢ ᠲᠤᠯᠠ ᠪᠦᠬᠦ ᠵᠦᠢᠯ ᠢ᠋ ᠥᠪᠡᠷ ᠦ᠋ᠨ ᠢ᠋ᠶ᠋ᠡᠨ ᠦᠵᠡᠭᠰᠡᠨ ᠢ᠋ᠶ᠋ᠡᠷ ᠰᠢᠢᠳᠴᠡᠢ᠃ᠨᠢᠳᠦᠨ ᠡᠴᠡ ᠳᠠᠯᠳᠠ ᠬᠤᠤᠪᠢᠯᠳᠤᠭᠰᠠᠨ ᠳᠠᠢᠰᠤᠨ ᠨᠤᠭᠤᠳ ᠢ᠋ᠶ᠋ᠠᠨ ᠲᠡᠳᠡᠨ ᠦ᠌ ᠣᠭᠲᠣ ᠰᠠᠨᠠᠭ᠎ᠠ ᠦᠭᠡᠢ ᠲᠠᠯ᠎ᠠ ᠡᠴᠡ ᠳᠣᠪᠲᠣᠯᠤᠭᠰᠠᠨ ᠨᠢ᠂ ᠬᠠᠰᠠᠷ ᠤ᠋ᠨ ᠭᠠᠷᠭᠠᠭᠰᠠᠨ ᠤᠬᠠᠭᠠᠨ ᠪᠠᠢᠪᠠ᠃ᠲᠡᠮᠦᠵᠢᠨ ᠲᠡᠢ ᠡᠴᠢᠭᠡ ᠬᠦᠦ ᠪᠣᠯᠤᠯᠴᠠᠨ ᠲᠠᠩᠭᠠᠷᠢᠭ ᠡᠷᠭᠦᠭᠰᠡᠨ ᠮᠥᠷᠲᠡᠯ᠎ᠡ ᠪᠡᠨ ᠲᠣᠭᠣᠷᠢᠯ ᠬᠠᠨ ᠬᠦᠦ ᠰᠡᠩᠭᠦᠮ ᠦ᠋ᠨ ᠢ᠋ᠶ᠋ᠡᠨ ᠦᠭᠡ᠂ ᠱᠠᠭᠠᠷᠳᠠᠯᠭ᠎ᠠ ᠳ᠋ᠤ᠌ ᠠᠪᠲᠠᠨ ᠲᠡᠮᠦᠵᠢᠨ ᠡᠴᠡ ᠳᠠᠯᠳᠠᠭᠤᠷ ᠵᠠᠮᠤᠬ᠎ᠠ ᠲᠠᠢ ᠡᠪᠰᠡᠵᠡᠢ᠃ᠲᠡᠮᠦᠵᠢᠨ ᠴᠥᠭᠡᠨ ᠴᠡᠷᠢᠭ ᠢ᠋ᠶ᠋ᠡᠨ ᠬᠡᠷᠦᠯᠦᠨ ᠮᠥᠷᠡᠨ ᠦ᠌ ᠠᠷᠭᠠᠯ ᠬᠣᠬᠢ ᠡᠴᠡ ᠬᠥᠳᠡᠯᠭᠡᠨ ᠳᠣᠪᠲᠣᠯᠭᠠᠭᠰᠠᠭᠠᠷ ᠵᠢᠭᠵᠢᠬᠡᠷ ᠥᠨᠳᠥᠷ ᠦ᠋ᠨ ᠵᠠᠷ ᠬᠠᠪᠴᠢᠯ ᠳ᠋ᠤ᠌ ᠨᠠᠢᠷᠯᠠᠨ ᠰᠠᠭᠤᠭᠰᠠᠨ ᠲᠤᠭᠤᠷᠢᠯ ᠬᠠᠨ ᠤ᠋ ᠬᠦᠷᠢᠶ᠎ᠡ ᠶ᠋ᠢ ᠳᠠᠭᠠᠷᠢᠨ ᠣᠷᠣᠭᠰᠠᠨ ᠨᠢ ᠡᠭᠦᠯᠡ ᠦᠭᠡᠢ ᠲᠩᠷᠢ ᠡᠴᠡ ᠬᠤᠷ᠎ᠠ ᠪᠠᠭᠤᠭᠰᠠᠨ ᠮᠡᠲᠦ ᠰᠠᠨᠠᠭᠠᠨ ᠳ᠋ᠤ᠌ ᠦᠭᠡᠢ ᠬᠡᠷᠡᠭ ᠪᠣᠯᠪᠠ᠃ᠬᠠᠭᠤᠷᠠᠢ ᠬᠦᠦ ᠲᠡᠮᠦᠵᠢᠨ ᠨᠢ ᠢᠩᠭᠢᠵᠦ ᠳᠣᠪᠲᠣᠯᠤᠨ᠎ᠠ ᠭᠡᠵᠦ ᠲᠤᠭᠤᠷᠢᠯ ᠬᠠᠨ ᠳᠠᠩᠴᠤ ᠰᠠᠨᠠᠭᠰᠠᠨ ᠦᠭᠡᠢ᠃ᠭᠡᠪᠡᠴᠦ ᠡᠨᠡ ᠲᠠᠯ᠎ᠠ ᠭᠠᠵᠠᠷ ᠲᠤ᠌ ᠬᠡᠨ ᠬᠥᠮᠦᠨ ᠳ᠋ᠦ᠍ ᠢᠲᠡᠭᠡᠨ᠎ᠡ ᠭᠡᠳᠡᠭ ᠥᠪᠡᠷ ᠢ᠋ ᠪᠡᠨ ᠬᠣᠣᠷᠯᠠᠬᠤ ᠲᠠᠢ ᠠᠳᠠᠯᠢ ᠬᠡᠷᠡᠭ ᠶᠤᠮ᠃ᠰᠠᠨᠠᠭᠠᠨ ᠳ᠋ᠤ᠌ ᠦᠭᠡᠢ ᠪᠠᠢᠭᠰᠠᠨ ᠬᠡᠷᠡᠢᠳ ᠦ᠋ᠳ ᠦᠢᠮᠡᠯᠳᠦᠨ ᠰᠠᠨᠳᠤᠷᠤᠭᠰᠠᠨ ᠴᠤ᠌ ᠭᠤᠷᠪᠠᠨ ᠡᠳᠦᠷ ᠭᠤᠷᠪᠠᠨ ᠰᠥᠨᠢ ᠡᠰᠡᠷᠭᠦᠴᠡᠨ ᠲᠤᠯᠤᠯᠳᠤᠵᠤ ᠡᠴᠦᠰ ᠲᠦ᠋ᠨᠢ ᠳᠡᠢᠯᠦᠭᠳᠡᠭᠡᠳ ᠲᠤᠭᠤᠷᠢᠯ ᠬᠠᠨ᠂ ᠬᠥᠪᠡᠭᠦᠨ ᠰᠡᠩᠭᠦᠮ ᠦ᠋ᠨ ᠬᠠᠮᠲᠤ ᠪᠠᠷᠠᠭᠤᠨ ᠵᠦᠭ ᠠᠯᠲᠠᠢ ᠶ᠋ᠢᠨ ᠨᠢᠷᠤᠭᠤ ᠲᠠᠢᠰᠢ ᠵᠢᠭᠤᠲᠠᠵᠤ ᠬᠦᠴᠦᠷᠬᠡᠭ ᠬᠡᠷᠡᠢᠳ ᠠᠢᠮᠠᠭ ᠤ᠋ᠨ ᠬᠠᠭᠠᠰ ᠨᠢ ᠰᠥᠨᠥᠵᠦ ᠲᠤᠭᠤᠷᠢᠯ ᠤ᠋ᠨ ᠳᠡᠭᠦᠦ ᠵᠠᠬ᠎ᠠ ᠬᠠᠮᠪᠤ ᠥᠪᠡᠷ ᠦ᠋ᠨ ᠠᠯᠪᠠᠲᠤ ᠨᠤᠭᠤᠳ ᠤ᠋ᠨ ᠬᠠᠮᠲᠤ ᠪᠠᠭᠤᠵᠤ ᠥᠭᠴᠡᠢ᠃ᠬᠡᠷᠡᠢᠳ ᠠᠢᠮᠠᠭ ᠬᠡᠳᠦᠢ ᠪᠤᠲᠠᠷᠠᠵᠤ ᠰᠥᠨᠥᠭᠰᠡᠨ ᠴᠦ᠍ ᠲᠡᠭᠦᠨ ᠦ᠌ ᠦᠯᠡᠳᠡᠭᠳᠡᠯ ᠵᠠᠮᠤᠬ᠎ᠠ ᠲᠠᠢ ᠨᠡᠢᠯᠡᠨ ᠣᠳᠴᠠᠢ᠃ᠣᠳᠣ ᠵᠠᠮᠤᠬ᠎ᠠ ᠯᠠ ᠨᠢᠳᠦᠨ ᠳ᠋ᠦ᠍ ᠣᠷᠣᠭᠰᠠᠨ ᠬᠣᠭ᠂ ᠰᠢᠲᠦᠨ ᠳ᠋ᠦ᠍ ᠣᠷᠣᠭᠰᠠᠨ ᠮᠢᠬ᠎ᠠ ᠪᠣᠯᠵᠤ ᠦᠯᠡᠳᠡᠪᠡ᠃ᠪᠠᠰᠠ ᠵᠡᠭᠦᠨ ᠵᠦᠭ ᠦ᠋ᠨ ᠠᠷᠪᠠᠨ ᠭᠤᠷᠪᠠᠨ ᠣᠪᠣᠭ ᠠᠢᠮᠠᠭ ᠨᠡᠢᠯᠡᠵᠦ ᠵᠠᠮᠤᠬ᠎ᠠ ᠶ᠋ᠢ ᠬᠥᠷ ᠬᠠᠭᠠᠨ ᠳ᠋ᠤ᠌ ᠡᠷᠭᠦᠮᠵᠢᠯᠡᠨ ᠵᠠᠯᠠᠭᠰᠠᠨ ᠨᠢ ᠴᠢᠩᠭᠢᠰ ᠬᠠᠭᠠᠨ ᠤ᠋ ᠬᠢᠯᠢᠩ ᠢ᠋ ᠪᠠᠳᠠᠷᠠᠭᠠᠵᠤ ᠪᠠᠢᠪᠠᠴᠤ ᠬᠡᠵᠢᠶᠡᠨ ᠦ᠌ ᠬᠢᠨᠠᠭᠤᠷ ᠪᠣᠳᠣᠯ᠂ ᠨᠠᠷᠢᠨ ᠲᠣᠭᠠᠴᠠᠭ᠎ᠠ ᠲᠠᠢ ᠲᠡᠷᠡ ᠪᠡᠷ ᠵᠠᠮᠤᠬ᠎ᠠ ᠶ᠋ᠢ ᠳᠣᠪᠲᠣᠯᠬᠤ ᠪᠠᠨ ᠲᠦᠷ ᠠᠵᠠᠨᠠᠵᠤ ᠮᠣᠷᠢᠳ ᠢ᠋ᠶ᠋ᠠᠨ ᠲᠠᠷᠭᠤᠯᠠᠬᠤ ᠶ᠋ᠢ ᠬᠦᠯᠢᠶᠡᠬᠦ ᠪᠡᠷ ᠰᠢᠢᠳᠪᠡ᠃ᠪᠥᠷᠲᠡ ᠶ᠋ᠢᠨ ᠤᠬᠠᠭᠠᠯᠢᠭ ᠰᠢᠢᠳᠮᠡᠭᠡᠢ ᠵᠠᠩ ᠤ᠋ᠨ ᠠᠴᠢ ᠪᠠᠷ ᠴᠢᠩᠭᠢᠰ ᠬᠠᠭᠠᠨ ᠠᠷᠤ ᠭᠡᠷ᠂ ᠠᠪᠠᠭᠠᠢ ᠬᠡᠦᠬᠡᠳ ᠦ᠋ᠨ ᠢ᠋ᠶ᠋ᠡᠨ ᠠᠵᠢᠯ ᠳ᠋ᠤ᠌ ᠣᠭᠲᠣᠬᠠᠨ ᠴᠤ᠌ ᠰᠠᠨᠠᠭ᠎ᠠ ᠵᠣᠪᠠᠬᠤ ᠶᠠᠭᠤᠮ᠎ᠠ ᠦᠭᠡᠢ ᠪᠠᠢᠳᠠᠭ ᠢ᠋ᠶ᠋ᠠᠨ ᠴᠣᠬᠣᠮ ᠲᠩᠷᠢ ᠶ᠋ᠢᠨ ᠬᠡᠰᠢᠭ ᠭᠡᠵᠦ ᠦᠵᠡᠬᠦ ᠪᠥᠯᠥᠭᠡ᠃ᠵᠠᠮᠤᠬ᠎ᠠ ᠲᠠᠢ ᠪᠠᠢᠯᠳᠤᠬᠤ ᠶ᠋ᠢᠨ ᠡᠮᠦᠨ᠎ᠡ ᠰᠠᠢᠲᠤᠷ ᠪᠣᠳᠣᠵᠤ ᠪᠡᠯᠡᠳᠬᠡᠬᠦ ᠶ᠋ᠢ ᠣᠢᠭ᠎ᠠ ᠦᠭᠡᠢ᠂ ᠬᠢᠴᠢᠶᠡᠩᠭᠦᠢᠯᠡᠨ ᠱᠠᠭᠠᠷᠳᠠᠭᠰᠠᠨ ᠬᠥᠮᠦᠨ ᠨᠢ ᠪᠠᠰᠠ ᠯᠠ ᠪᠥᠷᠲᠡ ᠪᠠᠢᠪᠠ᠃ᠵᠠᠮᠤᠬ᠎ᠠ ᠪᠣᠯ ᠢᠲᠡᠭᠡᠵᠦ ᠪᠣᠯᠬᠤ ᠦᠭᠡᠢ ᠬᠥᠮᠦᠨ ᠭᠡᠳᠡᠭ ᠢ᠋ ᠪᠥᠷᠲᠡ ᠦᠷᠭᠦᠯᠵᠢ ᠰᠠᠨᠠᠭᠤᠯᠤᠭᠰᠠᠭᠠᠷ ᠢᠷᠡᠭᠰᠡᠨ ᠪᠥᠭᠡᠳ ᠪᠥᠷᠲᠡ ᠶ᠋ᠢᠨ ᠡᠨᠡ ᠬᠠᠷᠠᠳᠠᠯᠭ᠎ᠠ ᠵᠥᠪ ᠪᠠᠢᠭᠰᠠᠨ ᠢ᠋ ᠴᠢᠩᠭᠢᠰ ᠬᠠᠭᠠᠨ ᠣᠯᠠᠨ ᠤᠳᠠᠭ᠎ᠠ ᠦᠵᠡᠵᠦ ᠮᠡᠳᠡᠭᠰᠡᠨ ᠲᠤᠯᠠ ᠦᠭᠡ ᠶ᠋ᠢ ᠨᠢ ᠳᠠᠭᠠᠵᠠᠢ᠃ᠬᠠᠷᠢᠨ ᠪᠥᠷᠲᠡ ᠶ᠋ᠢᠨ ᠰᠠᠨᠠᠭᠤᠯᠵᠤ ᠢᠳᠬᠠᠭᠰᠠᠨ ᠢ᠋ᠶ᠋ᠠᠷ ᠡᠨᠡ ᠤᠳᠠᠭ᠎ᠠ ᠵᠠᠮᠤᠬ᠎ᠠ ᠶ᠋ᠢ ᠶᠠᠭᠠᠷᠠᠨ ᠳᠣᠪᠲᠣᠯᠬᠤ ᠪᠠᠨ ᠪᠣᠯᠢᠪᠠ ᠭᠡᠳᠡᠭ ᠢ᠋ᠶ᠋ᠡᠨ ᠬᠡᠨ ᠳ᠋ᠦ᠍ ᠴᠦ᠍ ᠮᠡᠳᠡᠭᠳᠡᠭᠰᠡᠨ ᠦᠭᠡᠢ ᠪᠢᠯᠡ᠃ᠲᠡᠭᠡᠭᠡᠳ ᠴᠦ᠍ ᠪᠥᠷᠲᠡ ᠶ᠋ᠢ ᠵᠥᠪ ᠵᠦᠢᠲᠡᠢ ᠦᠭᠡ ᠬᠡᠯᠡᠪᠡ ᠭᠡᠵᠦ ᠴᠢᠩᠭᠢᠰ ᠬᠠᠭᠠᠨ ᠳᠣᠲᠣᠷ᠎ᠠ ᠪᠠᠨ ᠲᠠᠯᠠᠷᠬᠠᠯᠲᠠᠢ ᠪᠠᠢᠭᠰᠠᠨ ᠲᠤᠯᠠ ᠬᠡᠷᠡᠢᠳ ᠠᠢᠮᠠᠭ ᠤ᠋ᠨ ᠣᠯᠵᠠᠨ ᠤ᠋ ᠣᠯᠠᠨ ᠢᠷᠭᠡᠳ ᠡᠴᠡ ᠡᠷ᠎ᠡ ᠳ᠋ᠦ᠍ ᠡᠳ᠋ᠯᠡᠭᠳᠡᠭᠡ ᠦᠭᠡᠢ᠂ ᠡᠩᠭᠡᠷ ᠵᠥᠷᠢᠭᠦᠯᠦᠭᠡ ᠦᠭᠡᠢ ᠵᠢᠰᠦ ᠭᠤᠸ᠎ᠠ ᠥᠬᠢᠳ ᠢ᠋ ᠰᠢᠯᠢᠨ ᠪᠥᠷᠲᠡ ᠳ᠋ᠦ᠍ ᠪᠡᠯᠡᠭᠯᠡᠵᠡᠢ᠃ᠬᠤᠯᠠᠨ ᠬᠠᠲᠤᠨ ᠢ᠋ ᠠᠪᠴᠢᠷᠠᠭᠰᠠᠨ ᠡᠴᠡ ᠬᠣᠢᠰᠢ ᠴᠢᠩᠭᠢᠰ ᠬᠠᠭᠠᠨ ᠪᠥᠷᠲᠡ ᠶ᠋ᠢᠨ ᠰᠡᠳᠬᠢᠯ ᠦ᠋ᠨ ᠳᠣᠲᠣᠷᠠᠬᠢ ᠭᠤᠨᠢᠭ ᠭᠣᠮᠣᠳᠠᠯ ᠢ᠋ ᠮᠡᠳᠡᠷᠡᠬᠦ ᠪᠣᠯᠤᠭᠰᠠᠨ ᠲᠤᠯᠠ ᠪᠥᠷᠲᠡ ᠳ᠋ᠦ᠍ ᠠᠯᠢ ᠪᠣᠯᠬᠣᠷ ᠲᠠᠯ᠎ᠠ ᠵᠠᠰᠠᠬᠤ ᠶ᠋ᠢ ᠬᠢᠴᠢᠶᠡᠬᠦ ᠪᠣᠯᠤᠭᠰᠠᠨ ᠶᠤᠮ᠃ᠪᠥᠷᠲᠡ ᠪᠣᠯ ᠭᠣᠮᠣᠳᠠᠭᠠᠵᠤ ᠮᠣᠬᠣᠭᠠᠵᠤ ᠪᠣᠯᠬᠤ ᠦᠭᠡᠢ ᠬᠥᠮᠦᠨ ᠭᠡᠳᠡᠭ ᠢ᠋ ᠲᠡᠷᠡ ᠪᠡᠷ ᠬᠡᠵᠢᠶ᠎ᠡ ᠴᠦ᠍ ᠮᠠᠷᠲᠠᠬᠤ ᠦᠭᠡᠢ ᠪᠡᠷ ᠰᠠᠨᠠᠵᠤ ᠶᠠᠪᠤᠳᠠᠭ ᠪᠥᠭᠡᠳ ᠦᠭᠡ ᠶ᠋ᠢᠨ ᠳᠡᠯᠢᠮ ᠠᠯᠳᠠᠬᠤ ᠦᠭᠡᠢ ᠬᠥᠪᠡᠭᠦᠳ ᠲᠡᠭᠡᠨ ᠵᠠᠬᠢᠵᠤ ᠰᠤᠷᠭᠠᠳᠠᠭ ᠪᠠᠢᠪᠠ᠃ᠪᠥᠷᠲᠡ ᠪᠣᠯ ᠲᠩᠷᠢ ᠡᠴᠡ ᠲᠡᠭᠦᠨ ᠳ᠋ᠦ᠍ ᠢᠯᠡᠭᠡᠭᠰᠡᠨ ᠬᠠᠮᠤᠭ ᠤ᠋ᠨ ᠦᠨᠡᠨᠴᠢ ᠨᠥᠬᠥᠷ᠂ ᠲᠦᠰᠢᠭ ᠲᠤᠯᠭᠠᠭᠤᠷᠢ ᠨᠢ ᠶᠤᠮ ᠭᠡᠳᠡᠭ ᠲᠦ᠍ ᠴᠢᠩᠭᠢᠰ ᠬᠠᠭᠠᠨ ᠡᠷᠭᠢᠯᠲᠡ ᠦᠭᠡᠢ ᠢᠲᠡᠭᠡᠬᠦ ᠪᠣᠯᠤᠭᠰᠠᠨ ᠪᠥᠯᠥᠭᠡ᠃

      ᠦᠰᠦᠭ ᠠᠮᠢᠯᠠᠭᠤᠯᠤᠭᠴᠢ᠄  ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂ 
                                   ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂ 
                                   ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
        ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ ᠂ ᠭᠠᠷᠮ᠎ᠠ᠂ ᠨᠠᠷᠠᠨ᠂ 
                      ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ