ᠪᠥᠷᠲᠡ- ᠵᠣᠪᠠᠯᠠᠩ ᠤ᠋ᠨ ᠦᠷ᠎ᠡ-ᠴᠢᠩᠭᠢᠰ ᠬᠠᠭᠠᠨ ᠊ᠤ᠌ ᠨᠢᠭᠤᠴᠠ ᠲᠡᠦᠬᠡ02Бөртэ-Зовлонгийн үрZovlongiin ür
ᠪᠥᠷᠲᠡ- ᠵᠣᠪᠠᠯᠠᠩ ᠤ᠋ᠨ ᠦᠷ᠎ᠡ
ᠲᠡᠭᠡᠬᠦ ᠳ᠋ᠦ᠍ ᠶᠠᠭ ᠡᠢᠮᠦ ᠨᠠᠮᠤᠷ ᠤ᠋ᠨ ᠰᠠᠷ᠎ᠠ ᠪᠠᠢᠭᠰᠠᠨ ᠰᠠᠨ᠃ ᠦᠬᠦᠵᠦ᠂ ᠦᠷᠡᠭᠳᠡᠭᠰᠡᠨ ᠮᠡᠲᠦ ᠬᠡᠯᠡ ᠰᠤᠷᠠᠭ ᠦᠭᠡᠢ ᠠᠯᠠᠭ᠎ᠠ ᠪᠣᠯᠤᠭᠰᠠᠨ ᠲᠡᠮᠦᠵᠢᠨ ᠢ᠋ ᠭᠡᠨᠡᠳᠲᠡ ᠬᠦᠷᠦᠭᠡᠳ ᠢᠷᠡᠴᠢᠬᠡᠨ᠎ᠡ ᠭᠡᠵᠦ ᠰᠠᠨᠠᠭ᠎ᠠ ᠦᠭᠡᠢ ᠳ᠋ᠠᠢ ᠰᠡᠴᠡᠨ ᠦ᠌ ᠬᠢᠨ ᠬᠥᠯ ᠪᠣᠯᠤᠨ ᠰᠠᠨᠳᠤᠷᠴᠠᠭᠠᠵᠠᠢ᠃ ᠲᠡᠳᠡ ᠲᠡᠮᠦᠵᠢᠨ ᠢ᠋ ᠦᠬᠦᠭᠰᠡᠨ ᠭᠡᠵᠦ ᠢᠲᠡᠭᠡᠵᠡᠭᠡᠭᠰᠡᠨ ᠪᠠᠢᠯ᠎ᠠ᠃ ᠭᠠᠭᠴᠠ ᠬᠦ᠌ ᠪᠥᠷᠲᠡ ᠥᠬᠢᠨ ᠦ᠌ ᠪᠡᠨ ᠰᠡᠳᠬᠢᠯ ᠢ᠋ ᠪᠣᠳᠣᠭᠠᠳ ᠲᠡᠮᠦᠵᠢᠨ ᠦ᠌ ᠲᠤᠬᠠᠢ ᠰᠡᠬᠦᠵᠦ ᠶᠠᠷᠢᠬᠤ ᠡᠴᠡ ᠵᠠᠯᠭᠢᠯᠠᠭᠰᠠᠭᠠᠷ ᠪᠠᠢᠵᠠᠢ᠃ ᠲᠡᠮᠦᠵᠢᠨ ᠳ᠋ᠦ᠍ ᠳᠤᠷᠠᠯᠠᠭᠰᠠᠨ ᠪᠥᠷᠲᠡ ᠶ᠋ᠢᠨ ᠰᠡᠳᠬᠢᠯ ᠢ᠋ ᠳ᠋ᠠᠢ ᠰᠡᠴᠡᠨ ᠮᠡᠳᠡᠳᠡᠭ ᠪᠢᠯᠡ᠃ ᠦᠭᠡ ᠳᠠᠭᠤ ᠴᠥᠭᠡᠨ ᠲᠡᠢ ᠴᠤ᠌ ᠴᠠᠭᠠᠨ᠎ᠠ ᠪᠠᠨ ᠨᠢᠭᠡ ᠰᠢᠵᠠᠷᠠᠭᠠᠳ ᠬᠣᠷᠣᠨ ᠵᠠᠩ ᠲᠠᠢ ᠲᠡᠮᠦᠵᠢᠨ ᠢ᠋ ᠳ᠋ᠠᠢ ᠰᠡᠴᠡᠨ ᠦᠵᠡᠩᠭᠦᠲᠡ ᠲᠣᠭᠣᠵᠠᠢ᠃ ᠪᠠᠰᠠ ᠲᠡᠷᠡ ᠶᠢᠰᠦᠭᠡᠢ ᠶ᠋ᠢ ᠦᠨᠡᠨ ᠰᠡᠳᠬᠢᠯ ᠡᠴᠡ ᠬᠦᠨᠳᠦᠳᠬᠡᠨ ᠤᠭᠲᠤᠵᠤ᠂ ᠪᠣᠷᠵᠢᠭᠢᠨ ᠠᠢᠮᠠᠭ ᠤ᠋ᠨ ᠨᠡᠷᠡᠲᠡᠢ ᠴᠤᠤᠲᠠᠢ ᠪᠠᠭᠠᠲᠤᠷ ᠡᠷ᠎ᠡ ᠥᠪᠡᠷ ᠦ᠋ᠨ ᠦᠶ᠎ᠡ ᠵᠠᠯᠭᠠᠮᠵᠢᠯᠠᠬᠤ ᠬᠥᠪᠡᠭᠦᠨ ᠢ᠋ᠶ᠋ᠡᠨ ᠳᠠᠭᠠᠭᠤᠯᠤᠨ ᠢᠷᠡᠭᠰᠡᠨ ᠨᠢ ᠴᠣᠬᠣᠮ ᠲᠩᠷᠢ ᠶ᠋ᠢᠨ ᠬᠡᠰᠢᠭ ᠭᠡᠵᠦ ᠳ᠋ᠠᠢ ᠰᠡᠴᠡᠨ ᠪᠣᠳᠣᠵᠠᠢ᠃ ᠲᠡᠭᠦᠨ ᠲᠡᠢ ᠤᠷᠤᠭ ᠪᠠᠷᠢᠯᠳᠤᠬᠤ ᠪᠣᠯᠤᠮᠵᠢ ᠶ᠋ᠢ ᠠᠯᠳᠠᠵᠤ ᠪᠣᠯᠬᠤ ᠦᠭᠡᠢ ᠪᠠᠢᠯ᠎ᠠ᠃ ᠬᠠᠷᠢᠨ ᠶᠢᠰᠦᠭᠡᠢ ᠭᠡᠨᠡᠳᠲᠡ ᠦᠬᠦᠭᠰᠡᠨ ᠨᠢ ᠳ᠋ᠠᠢ ᠰᠡᠴᠡᠨ ᠢ᠋ ᠰᠣᠴᠢᠭᠠᠭᠰᠠᠨ ᠴᠤ᠌ ᠲᠡᠮᠦᠵᠢᠨ ᠳ᠋ᠦ᠍ ᠤᠯᠠᠮ ᠴᠤ᠌ ᠳᠣᠲᠣᠨᠣ ᠪᠠᠷ ᠬᠠᠨᠳᠤᠬᠤ ᠪᠣᠯᠭᠠᠵᠠᠢ᠃ ᠳ᠋ᠠᠢ ᠰᠡᠴᠡᠨ ᠬᠣᠯᠠ ᠶ᠋ᠢᠨ ᠬᠡᠷᠰᠡᠦ ᠤᠬᠠᠭᠠᠨ ᠲᠠᠢ ᠬᠥᠮᠦᠨ ᠪᠠᠢᠯ᠎ᠠ᠃ ᠲᠡᠢᠮᠦ ᠴᠦ᠍ ᠤᠴᠢᠷ ᠡᠴᠡ ᠥᠨᠥᠴᠢᠨ ᠶᠠᠳᠠᠭᠤ ᠬᠣᠴᠣᠷᠤᠭᠰᠠᠨ ᠲᠡᠮᠦᠵᠢᠨ ᠳ᠋ᠦ᠍ ᠥᠬᠢᠨ ᠢ᠋ᠶ᠋ᠡᠨ ᠡᠷᠡᠭᠡᠯᠵᠡᠬᠦ ᠶᠠᠭᠤᠮ᠎ᠠ ᠦᠭᠡᠢ ᠥᠭᠴᠡᠢ᠃ ᠠᠭᠤᠯᠵᠠᠯ ᠦᠭᠡᠢ ᠵᠢᠷᠭᠤᠭᠠᠨ ᠵᠢᠯ ᠥᠩᠭᠡᠷᠡᠭᠰᠡᠨ ᠴᠤ᠌ ᠪᠥᠷᠲᠡ ᠲᠡᠮᠦᠵᠢᠨ ᠢ᠋ ᠨᠢᠭᠡ ᠴᠤ᠌ ᠡᠳᠦᠷ ᠮᠠᠷᠲᠠᠭᠰᠠᠨ ᠦᠭᠡᠢ᠃ ᠬᠣᠶᠠᠷ ᠬᠥᠮᠥᠰᠬᠡ ᠶ᠋ᠢᠨ ᠢ᠋ᠶ᠋ᠡᠨ ᠬᠣᠭᠣᠷᠣᠨᠳᠣ ᠭᠦᠨᠵᠡᠭᠡᠢ ᠪᠣᠰᠤᠭ᠎ᠠ ᠦᠷᠴᠢᠯᠡᠭᠡ ᠲᠡᠢ᠂ ᠨᠠᠰᠤᠨ ᠡᠴᠡ ᠪᠠᠨ ᠣᠪᠣᠷᠵᠢᠭᠤ ᠬᠠᠷᠠᠭᠳᠠᠬᠤ ᠵᠠᠯᠠᠭᠤ ᠶ᠋ᠢ ᠳ᠋ᠠᠢ ᠰᠡᠴᠡᠨ ᠦ᠌ ᠤᠶᠠᠭᠠᠨ ᠳᠡᠭᠡᠷ᠎ᠡ ᠪᠠᠭᠤᠬᠤ ᠳ᠋ᠤ᠌ ᠬᠡᠨ ᠴᠤ᠌ ᠲᠡᠮᠦᠵᠢᠨ ᠭᠡᠵᠦ ᠲᠠᠨᠢᠭᠰᠠᠨ ᠦᠭᠡᠢ᠃ ᠠᠶᠠᠨᠰᠢᠵᠤ ᠬᠠᠷᠠᠰᠢᠭᠰᠠᠨ ᠮᠣᠷᠢᠲᠠᠢ ᠲᠡᠮᠦᠵᠢᠨ ᠪᠡᠯᠭᠦᠳᠡᠢ ᠬᠣᠶᠠᠷ ᠲᠤ᠌ ᠲᠡᠳᠡᠨ ᠦ᠌ ᠨᠣᠬᠠᠳ ᠴᠤ᠌ ᠲᠣᠭᠣᠵᠤ ᠳᠠᠪᠬᠢᠭᠰᠠᠨ ᠦᠭᠡᠢ᠃ ᠳ᠋ᠠᠢ ᠰᠡᠴᠡᠨ ᠦ᠌ ᠬᠦᠷᠢᠶ᠎ᠡ ᠶ᠋ᠢ ᠣᠯᠬᠤ ᠭᠡᠵᠦ ᠪᠡᠲᠡᠷᠡᠭᠰᠡᠭᠡᠷ ᠲᠡᠳᠡ ᠮᠣᠷᠢ ᠪᠠᠨ ᠵᠣᠭᠰᠣᠭᠠᠬᠤ ᠰᠢᠬᠠᠵᠠᠢ᠃ ᠬᠠᠷᠢᠨ ᠲᠡᠷᠡ ᠡᠳᠦᠷ ᠪᠥᠷᠲᠡ ᠨᠢᠭᠡ ᠶᠡᠬᠡ ᠪᠠᠶᠠᠷᠯᠠᠬᠤ ᠶᠤᠮ ᠰᠢᠭ᠋ ᠰᠤᠪᠢᠩ ᠲᠠᠲᠠᠭᠰᠠᠭᠠᠷ ᠪᠠᠢᠭᠰᠠᠨ ᠳ᠋ᠤ᠌ ᠭᠠᠢᠬᠠᠭᠰᠠᠨ ᠴᠤ᠌ ᠠᠯᠲᠠᠨ ᠤᠯᠤᠰ ᠤ᠋ᠨ ᠬᠤᠳᠠᠯᠳᠤᠭᠠᠴᠢᠨ ᠢᠷᠡᠬᠦ ᠲᠡᠳᠦᠢ ᠶ᠋ᠢ ᠲᠠᠭᠠᠮᠠᠭᠯᠠᠭᠰᠠᠨ ᠪᠢᠯᠡ᠃ ᠭᠡᠲᠡᠯ᠎ᠡ ᠴᠤᠳᠤᠨ ᠡᠬᠡ ᠶ᠋ᠢᠨ ᠢ᠋ᠶ᠋ᠡᠨ ᠭᠡᠷ ᠲᠦ᠍ ᠴᠠᠢ ᠣᠷᠣᠭᠤᠯᠵᠤ ᠶᠠᠪᠤᠭᠰᠠᠨ ᠢ᠋ᠶ᠋ᠠᠨ ᠭᠡᠨᠡᠳᠲᠡ ᠨᠢᠷᠤᠭᠤ ᠬᠦᠵᠦᠭᠦᠦ ᠨᠢ ᠵᠢᠷᠪᠢᠯᠵᠡᠨ ᠬᠠᠯᠠᠭᠤ ᠣᠷᠬᠢᠬᠤ ᠳ᠋ᠤ᠌ ᠲᠡᠰᠬᠡᠯ ᠦᠭᠡᠢ ᠡᠷᠭᠢᠨ ᠬᠠᠷᠠᠪᠠ᠃ ᠬᠣᠯᠠ ᠳ᠋ᠤ᠌ ᠤᠶᠠᠭᠠᠨ ᠤ᠋ ᠳᠡᠷᠭᠡᠳᠡ ᠨᠢᠭᠡ ᠬᠥᠮᠦᠨ ᠲᠡᠭᠦᠨ ᠢ᠋ ᠰᠢᠷᠲᠡᠨ ᠵᠣᠭᠰᠣᠵᠤ ᠪᠠᠢᠬᠤ ᠶ᠋ᠢ ᠦᠵᠡᠮᠡᠭᠴᠡ ᠵᠢᠷᠦᠬᠡ ᠨᠢ ᠲᠦᠷᠭᠡᠨ ᠲᠦᠷᠭᠡᠨ ᠴᠣᠬᠢᠯᠠᠵᠤ ᠥᠪᠡᠷ ᠦ᠋ᠨ ᠡᠷᠬᠡ ᠦᠭᠡᠢ《ᠲᠡᠮᠦᠵᠢᠨ》 ᠭᠡᠵᠦ ᠰᠢᠪᠡᠨᠡᠵᠡᠢ᠃ ᠴᠠᠢ ᠶ᠋ᠢᠨ ᠮᠥᠩᠭᠥᠨ ᠭᠦᠴᠡ ᠭᠠᠷ ᠡᠴᠡ ᠮᠤᠯᠲᠤᠷᠠᠨ ᠭᠡᠷ ᠦ᠋ᠨ ᠡᠭᠦᠳᠡᠨ ᠦ᠌ ᠴᠢᠯᠠᠭᠤᠨ ᠱᠠᠯᠠᠨ ᠳᠡᠭᠡᠷ᠎ᠡ ᠬᠠᠩᠭᠢᠨᠠᠨ ᠤᠨᠠᠬᠤ ᠶ᠋ᠢ ᠴᠤ᠌ ᠰᠣᠨᠣᠰᠤᠭᠰᠠᠨ ᠦᠭᠡᠢ᠃ ᠦᠯᠦ ᠲᠠᠨᠢᠬᠤ ᠲᠡᠷᠡ ᠵᠠᠯᠠᠭᠤ ᠥᠪᠡᠷ ᠢ᠋ ᠨᠢ ᠴᠢᠭᠯᠡᠨ ᠲᠦᠷᠭᠡᠨ ᠲᠦᠷᠭᠡᠨ ᠠᠯᠬᠤᠯᠠᠨ ᠢᠷᠡᠬᠦ ᠳ᠋ᠦ᠍ ᠬᠥᠳᠡᠯᠵᠦ ᠴᠢᠳᠠᠭᠰᠠᠨ ᠦᠭᠡᠢ᠃ ᠡᠨᠡ ᠪᠣᠯ ᠲᠡᠮᠦᠵᠢᠨ ᠪᠣᠯᠬᠤ ᠶ᠋ᠢ ᠲᠡᠭᠦᠨ ᠦ᠌ ᠬᠤᠷᠴᠠ ᠰᠢᠷ᠎ᠠ ᠨᠢᠳᠦ ᠭᠡᠷᠡᠴᠢᠯᠡᠨ᠎ᠡ᠃ ᠲᠡᠮᠦᠵᠢᠨ ᠢ᠋ ᠶᠠᠭᠠᠬᠢᠵᠤ ᠶᠡᠬᠡ ᠰᠠᠨᠠᠵᠤ ᠮᠥᠷᠥᠭᠡᠳᠴᠦ ᠪᠠᠢᠭᠰᠠᠨ ᠢ᠋ᠶ᠋ᠠᠨ ᠪᠥᠷᠲᠡ ᠰᠠᠶᠢ ᠯᠠ ᠨᠢᠭᠡ ᠭᠦᠢᠴᠡᠳ ᠣᠢᠯᠠᠭᠠᠭᠰᠠᠨ ᠪᠢᠯᠡ᠃ ᠲᠡᠭᠡᠭᠡᠳ ᠣᠳᠣ ᠲᠡᠮᠦᠵᠢᠨ ᠡᠴᠡ ᠬᠡᠵᠢᠶ᠎ᠡ ᠴᠦ᠍ ᠰᠠᠯᠬᠤ ᠦᠭᠡᠢ ᠭᠡᠵᠦ ᠪᠣᠳᠣᠵᠠᠢ᠃
ᠪᠥᠷᠲᠡ ᠪᠢ ᠴᠢᠮᠠᠶ᠋ᠢ ᠠᠪᠬᠤ ᠪᠠᠷ ᠢᠷᠡᠯ᠎ᠡ ᠭᠡᠵᠦ ᠲᠡᠮᠦᠵᠢᠨ ᠰᠢᠭᠤᠳ ᠬᠡᠯᠡᠬᠦ ᠳ᠋ᠦ᠍ ᠣᠯᠠᠨ ᠵᠢᠯ ᠦ᠋ᠨ ᠡᠮᠦᠨ᠎ᠡ ᠤᠬᠢᠯᠠᠵᠤ ᠰᠠᠯᠤᠭᠰᠠᠨ ᠬᠥᠪᠡᠭᠦᠨ ᠮᠥᠨ ᠴᠦ᠍ ᠶᠦ᠍ᠮ ᠰᠢᠭ᠂ ᠪᠢᠰᠢ ᠴᠦ᠍ ᠶᠤᠮ ᠰᠢᠭ ᠰᠠᠨᠠᠭᠳᠠᠭᠠᠳ ᠥᠪᠡᠷ ᠦ᠋ᠨ ᠮᠠᠲᠠᠯ ᠦᠭᠡᠢ ᠲᠣᠯᠣᠭᠠᠢ ᠳᠣᠬᠢᠪᠠ ᠃ ᠬᠦᠰᠡᠵᠦ ᠬᠦᠯᠢᠶᠡᠭᠰᠡᠨ ᠬᠠᠢᠷᠠᠲᠠᠢ ᠬᠥᠮᠦᠨ ᠲᠡᠢ ᠪᠡᠨ ᠤᠴᠠᠷᠠᠬᠤ ᠶ᠋ᠢᠨ ᠵᠢᠷᠭᠠᠯ ᠢ᠋ ᠪᠥᠷᠲᠡ ᠲᠡᠭᠡᠬᠦ ᠳ᠋ᠦ᠍ ᠠᠩᠬ᠎ᠠ ᠠᠮᠰᠠᠭᠰᠠᠨ ᠶᠤᠮ᠃ ᠲᠡᠷᠡ ᠰᠥᠨᠢ ᠡᠷ᠎ᠡ ᠬᠥᠮᠦᠨ ᠳ᠋ᠦ᠍ ᠡᠳ᠋ᠯᠡᠭᠦᠯᠵᠦ ᠂ ᠥᠬᠢᠨ ᠪᠡᠶ᠎ᠡ ᠪᠡᠨ ᠣᠷᠬᠢᠬᠤ ᠳ᠋ᠠᠭᠠᠨ ᠲᠠᠴᠢᠶᠠᠳᠠᠨ ᠴᠡᠴᠡᠷᠡᠵᠦ ᠂ ᠤᠬᠠᠭᠠᠨ ᠠᠯᠳᠠᠭᠰᠠᠨ ᠨᠢ ᠳᠤᠷ᠎ᠠ ᠬᠠᠨᠤᠭᠰᠠᠨ ᠬᠡᠷᠡᠭ ᠪᠣᠯᠬᠤ ᠶ᠋ᠢ ᠬᠣᠵᠢᠮ ᠲᠡᠮᠦᠵᠢᠨ ᠦ᠌ ᠭᠡᠷ ᠲᠦ᠍ ᠠᠪᠠᠯᠢ ᠡᠮ᠎ᠡ ᠶ᠋ᠢᠨ ᠶᠣᠰᠣᠭᠠᠷ ᠢᠷᠡᠭᠰᠡᠨ ᠡᠴᠡ ᠬᠣᠢᠰᠢ ᠯᠠ ᠬᠣᠶᠠᠭᠤᠯᠠ ᠣᠢᠯᠠᠭᠠᠵᠠᠢ ᠃ ᠪᠥᠷᠲᠡ ᠢᠩᠭᠢᠵᠦ ᠳᠤᠷ᠎ᠠ ᠲᠠᠯᠪᠢᠬᠤ ᠳ᠋ᠠᠭᠠᠨ ᠲᠦᠷ ᠵᠠᠭᠤᠷ᠎ᠠ ᠤᠬᠠᠭᠠᠨ ᠠᠯᠳᠠᠳᠠᠭ ᠢ᠋ ᠮᠡᠳᠡᠬᠦ ᠦᠭᠡᠢ ᠲᠡᠮᠦᠵᠢᠨ ᠶᠡᠬᠡᠳᠡ ᠠᠶᠤᠨ ᠰᠠᠨᠳᠤᠷᠴᠤ ᠪᠥᠷᠲᠡ ᠶ᠋ᠢ ᠦᠬᠦᠪᠡ ᠭᠡᠵᠦ ᠰᠠᠨᠠᠭᠠᠳ ᠤᠴᠢᠷ ᠢ᠋ᠶ᠋ᠠᠨ ᠣᠯᠬᠤ ᠦᠭᠡᠢ ᠨᠢᠭᠤᠷ ᠨᠢᠳᠦ ᠤᠷᠤᠭᠤ ᠨᠢ ᠦᠯᠢᠶᠡᠵᠦ ᠂ ᠬᠠᠴᠠᠷ ᠢ᠋ ᠨᠢ ᠠᠯᠠᠭᠠᠳᠠᠭᠠᠳ ᠠᠷᠭ᠎ᠠ ᠪᠠᠨ ᠪᠠᠷᠠᠬᠤ ᠳ᠋ᠠᠭᠠᠨ ᠬᠠᠵᠠᠭᠤ ᠭᠡᠷ ᠲᠦ᠍ ᠤᠨᠲᠠᠭᠰᠠᠨ ᠪᠡᠯᠭᠦᠳᠡᠢ ᠶ᠋ᠢ ᠳᠠᠭᠤᠳᠠᠬᠤ ᠪᠠᠷ ᠭᠠᠷᠬᠤ ᠭᠡᠲᠡᠯ᠎ᠡ ᠠᠰᠢᠭᠦᠢ ᠪᠥᠷᠲᠡ ᠭᠡᠨᠡᠳᠲᠡ ᠤᠷᠲᠤ ᠠᠮᠢᠰᠬᠤᠭ᠎ᠠ ᠠᠪᠤᠭᠠᠳ ᠨᠢᠳᠦ ᠪᠡᠨ ᠨᠡᠭᠡᠭᠡᠵᠡᠢ ᠃ ᠡᠨᠡ ᠬᠠᠴᠢᠷᠬᠠᠯᠲᠠᠢ ᠶᠠᠪᠤᠳᠠᠯ ᠤ᠋ᠨ ᠤᠴᠢᠷ ᠢ᠋ ᠣᠯᠵᠤ ᠮᠡᠳᠡᠭᠡᠳ ᠲᠡᠳᠡ ᠪᠡᠶ᠎ᠡ ᠪᠡᠶ᠎ᠡ ᠶ᠋ᠢ ᠱᠣᠣᠯᠠᠨ ᠢᠨᠢᠶᠡᠯᠳᠦᠭᠰᠡᠨ ᠪᠢᠯᠡ᠃ ᠬᠠᠷᠢᠨ ᠪᠥᠷᠲᠡ ᠶ᠋ᠢᠨ ᠡᠢᠮᠦ ᠲᠠᠴᠢᠶᠠᠩᠭᠤᠢ ᠠᠭᠠᠰᠢ ᠲᠡᠮᠦᠵᠢᠨ ᠳ᠋ᠦ᠍ ᠲᠤᠢᠯ ᠤ᠋ᠨ ᠶᠡᠬᠡ ᠲᠠᠭᠠᠯᠠᠭᠳᠠᠳᠠᠭ ᠪᠥᠭᠡᠳ ᠲᠡᠭᠦᠨ ᠢ᠋ ᠬᠦᠰᠡᠭᠰᠡᠨ ᠦᠶ᠎ᠡ ᠳ᠋ᠡᠭᠡᠨ ᠴᠢᠬᠢ᠂ ᠬᠦᠵᠦᠭᠦᠦ ᠶ᠋ᠢ ᠨᠢ ᠬᠠᠯᠠᠭᠤᠨ ᠠᠮᠢᠰᠬᠤᠯ ᠢ᠋ᠶ᠋ᠠᠷ ᠢ᠋ᠶ᠋ᠠᠨ ᠰᠡᠷᠪᠡᠭᠡᠨᠡᠭᠦᠯᠦᠨ 《ᠬᠣᠶᠠᠭᠤᠯᠠ ᠪᠠᠨ ᠦᠬᠦᠵᠦ ᠲᠣᠭᠯᠠᠬᠤ ᠤᠤ》 ᠭᠡᠵᠦ ᠰᠢᠪᠡᠨᠡᠳᠡᠭ ᠪᠣᠯᠵᠠᠢ᠃ ᠳᠤᠷ᠎ᠠ ᠬᠠᠨᠤᠭᠠᠳ ᠤᠬᠠᠭᠠᠨ ᠠᠯᠲᠠᠨ ᠤᠨᠠᠭᠰᠠᠨ ᠦᠵᠡᠰᠬᠦᠯᠡᠩᠲᠦ ᠵᠠᠯᠠᠭᠤ ᠡᠬᠡᠨᠡᠷ ᠢ᠋ᠶ᠋ᠡᠨ ᠰᠢᠷᠳᠡᠨ ᠰᠠᠭᠤᠬᠤ ᠰᠢᠭ᠋ ᠠᠵᠠ ᠵᠢᠷᠭᠠᠯ ᠲᠡᠮᠦᠵᠢᠨ ᠳ᠋ᠦ᠍ ᠪᠠᠢᠭᠰᠠᠨ ᠦᠭᠡᠢ᠃ ᠭᠡᠪᠡᠴᠦ ᠡᠳᠦᠷ ᠰᠥᠨᠢ ᠦᠭᠡᠢ 《ᠦᠬᠦᠵᠦ ᠲᠣᠭᠯᠠᠭᠰᠠᠨ》 ᠳᠡᠩᠳᠡᠭᠦᠦ ᠶᠡᠬᠡ ᠠᠵᠠ ᠵᠢᠷᠭᠠᠯ ᠨᠢ ᠬᠡᠮᠵᠢᠶ᠎ᠡ ᠲᠡᠢ ᠪᠠᠢᠵᠠᠢ ᠃ ᠬᠡᠮᠵᠢᠶ᠎ᠡ ᠲᠡᠢ ᠪᠡᠷ ᠪᠠᠷᠠᠬᠤ ᠦᠭᠡᠢ ᠠᠶᠤᠮᠰᠢᠭᠲᠤ ᠦᠷ᠎ᠡ ᠳᠠᠭᠠᠪᠤᠷᠢ ᠲᠠᠢ ᠪᠠᠢᠭᠰᠠᠨ ᠢ᠋ ᠲᠡᠳᠡ ᠲᠠᠭᠠᠪᠤᠷᠢᠯᠠᠭᠰᠠᠨ ᠦᠭᠡᠢ ᠃ ᠣᠳᠣ ᠲᠡᠳᠡ ᠬᠡᠲᠦᠷᠬᠡᠢ ᠶᠡᠬᠡ ᠠᠵᠠ ᠵᠢᠷᠭᠠᠯ ᠤ᠋ᠨ ᠬᠢᠨᠢ ᠥᠷᠢ ᠲᠥᠯᠥᠭᠡᠰᠦ ᠶᠠᠭᠤ ᠪᠣᠯᠬᠤ ᠶ᠋ᠢ ᠦᠵᠡᠪᠡ ᠃ ᠮᠡᠷᠭᠢᠳ ᠦ᠋ᠨ ᠰᠦᠢᠷᠡᠭᠰᠡᠨ ᠬᠦᠷᠢᠶᠡᠨ ᠦ᠌ ᠵᠠᠬ᠎ᠠ ᠳ᠋ᠤ᠌ ᠢᠩᠭᠢᠵᠦ ᠰᠠᠭᠤᠬᠤ ᠳ᠋ᠠᠭᠠᠨ ᠪᠥᠷᠲᠡ᠂ ᠥᠭᠡᠯᠦᠨ ᠢ᠋ ᠠᠩᠬ᠎ᠠ ᠪᠤᠯᠢᠶᠠᠭᠰᠠᠨ ᠶᠢᠰᠦᠭᠡᠢ ᠶ᠋ᠢ᠂ ᠬᠠᠷᠢᠨ ᠲᠡᠮᠦᠵᠢᠨ ᠪᠥᠷᠲᠡ ᠶ᠋ᠢ ᠬᠥᠯ ᠬᠦᠨᠳᠦ ᠪᠣᠯᠭᠠᠭᠰᠠᠨ ᠴᠢᠯᠭᠡᠷ ᠪᠥᠬᠡ ᠶ᠋ᠢ ᠦᠵᠡᠨ ᠶᠠᠳᠠᠵᠤ ᠪᠠᠢᠯ᠎ᠠ ᠃ ᠭᠡᠪᠡᠴᠦ ᠲᠡᠳᠡᠨ ᠳ᠋ᠦ᠍ ᠤᠴᠠᠷᠠᠭᠰᠠᠨ ᠵᠣᠪᠠᠯᠠᠩ ᠪᠣᠯ ᠬᠡᠨ ᠨᠢᠭᠡᠨ ᠦ᠌ ᠦᠰ ᠬᠣᠨᠵᠢᠩ ᠪᠢᠰᠢ ᠳᠡᠭᠡᠳᠦ ᠲᠡᠭᠷᠢ ᠶ᠋ᠢᠨ ᠵᠠᠷᠯᠢᠭ ᠢ᠋ ᠂ ᠲᠡᠳᠡᠨ ᠳ᠋ᠦ᠍ ᠢᠯᠡᠭᠡᠭᠰᠡᠨ ᠰᠣᠷᠢᠯᠲᠠ ᠪᠣᠯᠬᠤ ᠶ᠋ᠢ ᠲᠡᠮᠦᠵᠢᠨ ᠴᠦ᠍᠂ ᠪᠥᠷᠲᠡ ᠴᠤ᠌ ᠮᠡᠳᠡᠬᠦ ᠦᠭᠡᠢ ᠪᠠᠢᠯ᠎ᠠ ᠃
ᠲᠡᠳᠡᠨ ᠦ᠌ ᠲᠡᠪᠡᠷᠢᠯᠳᠦᠬᠦ ᠶ᠋ᠢ ᠦᠵᠡᠭᠡᠳ ᠬᠠᠰᠠᠷ᠂ ᠪᠡᠯᠭᠦᠳᠡᠢ᠂ ᠵᠡᠯᠮ᠎ᠡ ᠭᠤᠷᠪᠠ ᠪᠡᠶ᠎ᠡ ᠪᠡᠶ᠎ᠡ ᠶ᠋ᠢ ᠨᠢᠳᠤᠷᠤᠯᠴᠠᠨ ᠪᠠᠶᠠᠷᠯᠠᠵᠠᠢ ᠃ ᠲᠡᠮᠦᠵᠢᠨ ᠲᠠᠢᠪᠤᠰᠢᠷᠠᠭᠰᠠᠨ ᠨᠢ ᠲᠡᠳᠡᠨ ᠦ᠌ ᠬᠤᠪᠢ ᠳ᠋ᠤ᠌ ᠦᠨᠡᠬᠡᠷ ᠪᠠᠶᠠᠷ ᠪᠠᠢᠪᠠ ᠃ ᠬᠡᠷᠪᠡ ᠵᠥᠷᠢᠭᠦᠳ ᠮᠤᠭᠤᠢᠳ ᠲᠡᠮᠦᠵᠢᠨ ᠪᠥᠷᠲᠡ ᠶ᠋ᠢ ᠠᠯᠠᠨ᠎ᠠ ᠭᠡᠪᠡᠯ ᠲᠡᠳᠡ ᠶᠠᠭᠠᠬᠢᠵᠤ ᠴᠤ᠌ ᠴᠢᠳᠠᠬᠤ ᠦᠭᠡᠢ ᠪᠠᠢᠪᠠ ᠃ ᠬᠠᠷᠢᠨ ᠲᠡᠮᠦᠵᠢᠨ ᠠᠯᠠᠬᠤ ᠪᠠᠷ ᠰᠢᠢᠳᠪᠡᠯ ᠬᠠᠰᠠᠷ ᠪᠥᠷᠲᠡ ᠶ᠋ᠢ ᠭᠤᠶᠤᠵᠤ ᠠᠪᠤᠶ᠎ᠠ ᠭᠡᠵᠦ ᠳᠣᠲᠣᠷ᠎ᠠ ᠪᠠᠨ ᠰᠢᠢᠳᠦᠭᠰᠡᠨ ᠪᠢᠯᠡ ᠃ ᠦᠵᠡᠰᠬᠦᠯᠡᠩᠲᠡᠢ᠂ᠤᠬᠠᠭᠠᠨ ᠲᠠᠢ ᠪᠥᠷᠲᠡ ᠳ᠋ᠦ᠍ ᠭᠠᠭᠴᠠ ᠬᠠᠰᠠᠷ ᠴᠤ᠌ ᠪᠢᠰᠢ ᠪᠦᠭᠦᠳᠡ ᠳᠣᠲᠣᠨᠣ ᠰᠠᠢᠨ ᠢ᠋ᠶ᠋ᠠᠷ ᠬᠠᠨᠳᠤᠬᠤ ᠪᠥᠯᠥᠭᠡ᠃
— ᠬᠠᠷᠢᠶ᠎ᠠ ᠳᠠ ᠬᠣᠶᠠᠭᠤᠯᠠ ᠪᠠᠨ ᠭᠡᠵᠦ ᠲᠡᠮᠦᠵᠢᠨ ᠪᠥᠷᠲᠡ ᠶ᠋ᠢ ᠲᠡᠪᠡᠷᠢᠭᠰᠡᠨ ᠴᠢᠭ ᠢ᠋ᠶ᠋ᠡᠷ ᠢ᠋ᠶ᠋ᠡᠨ ᠰᠢᠪᠡᠨᠡᠪᠡ ᠃
— ᠬᠠᠮᠢᠭᠠᠰᠢ ᠪᠠᠨ ᠭᠡᠵᠦ ᠠᠰᠠᠭᠤᠬᠤ ᠳ᠋ᠠᠭᠠᠨ ᠪᠥᠷᠲᠡ ᠡᠷᠡᠭᠡᠯᠵᠡᠨ ᠢᠲᠡᠭᠡᠬᠦ ᠦᠭᠡᠢ ᠴᠦ᠍ ᠲᠡᠮᠦᠵᠢᠨ ᠡᠴᠡ ᠰᠠᠯᠵᠤ ᠬᠠᠭᠠᠴᠠᠨ᠎ᠠ ᠭᠡᠬᠦ ᠡᠴᠡ ᠬᠡᠴᠢᠨᠡᠨ ᠶᠡᠬᠡ ᠬᠠᠷᠠᠮᠰᠠᠵᠤ ᠪᠣᠢ ᠪᠠᠨ ᠮᠡᠳᠡᠷᠡᠯ᠎ᠡ᠃
— ᠪᠤᠷᠬᠠᠨ ᠬᠠᠯᠳᠤᠨ ᠠᠭᠤᠯᠠᠨ ᠳ᠋ᠠᠭᠠᠨ ᠣᠴᠢᠶ᠎ᠠ᠃ ᠲᠡᠨᠳᠡ ᠭᠡᠷ ᠮᠢᠨᠢ ᠪᠣᠢ᠃ ᠡᠵᠢ ᠮᠢᠨᠢ ᠲᠡᠨᠳᠡ ᠬᠦᠯᠢᠶᠡᠵᠦ ᠪᠠᠢᠭ᠎ᠠ᠃
— ᠲᠡᠮᠦᠵᠢᠨ᠃ ᠴᠢᠮᠠᠲᠤ ᠬᠡᠴᠡᠭᠦᠦ ᠪᠣᠯ ᠨᠠᠮᠠᠶ᠋ᠢ ᠡᠨᠳᠡ ᠣᠷᠬᠢᠵᠤ ᠣᠳ ᠭᠡᠵᠦ ᠪᠥᠷᠲᠡ ᠬᠡᠯᠡᠭᠰᠡᠨ ᠴᠦ᠍ ᠪᠠᠶᠠᠷᠯᠠᠭᠰᠠᠨ ᠳ᠋ᠠᠭᠠᠨ ᠴᠢᠮᠡᠭᠡ ᠦᠭᠡᠢ ᠤᠬᠢᠯᠠᠭᠰᠠᠭᠠᠷ ᠠᠵᠢ᠃ ᠴᠢᠯᠭᠡᠷ ᠪᠥᠬᠡ ᠳ᠋ᠦ᠍ ᠢᠷᠡᠭᠰᠡᠨ ᠳᠣᠣᠷ᠎ᠠ ᠪᠠᠨ ᠬᠥᠯ ᠬᠦᠨᠳᠦ ᠪᠣᠯᠤᠭᠰᠠᠨ ᠢ᠋ᠶ᠋ᠠᠨ ᠮᠡᠳᠡᠮᠡᠭᠴᠡ ᠠᠮᠢ ᠪᠠᠨ ᠦᠷᠡᠬᠦ ᠪᠡᠷ ᠬᠡᠳᠦᠨᠲᠡ ᠣᠷᠣᠯᠳᠣᠭᠰᠠᠨ ᠴᠤ᠌ ᠵᠢᠷᠦᠬᠡᠯᠡᠵᠦ ᠴᠢᠳᠠᠭ᠎ᠠ ᠦᠭᠡᠢ ᠪᠢᠯᠡ᠃ ᠲᠡᠮᠦᠵᠢᠨ ᠶᠠᠮᠠᠷ ᠪᠡᠷᠬᠡ ᠰᠢᠨᠠᠯᠤᠯ ᠳ᠋ᠤ᠌ ᠤᠨᠠᠭᠰᠠᠨ ᠢ᠋ ᠪᠥᠷᠲᠡ ᠭᠠᠰᠢᠭᠤᠳᠠᠨ ᠮᠡᠳᠡᠷᠡᠵᠦ ᠪᠠᠢᠯ᠎ᠠ᠃ ᠪᠠᠰᠠ ᠲᠡᠭᠦᠨ ᠢ᠋ ᠶᠠᠮᠠᠷ ᠶᠡᠬᠡ ᠲᠡᠪᠴᠢᠶᠡᠷᠢ ᠭᠠᠷᠭᠠᠨ ᠪᠡᠶ᠎ᠡ ᠪᠡᠨ ᠪᠠᠷᠢᠵᠤ ᠪᠠᠢᠭ᠎ᠠ ᠶ᠋ᠢ ᠴᠦ᠍ ᠮᠡᠳᠡᠵᠦ ᠪᠠᠢᠪᠠ᠃ ᠲᠡᠳᠡᠨ ᠢ᠋ ᠡᠢᠮᠦ ᠭᠠᠰᠢᠭᠤᠨ ᠬᠤᠪᠢ ᠵᠣᠬᠢᠶᠠᠯ ᠬᠦᠯᠢᠶᠡᠵᠦ ᠪᠠᠢᠭᠰᠠᠨ ᠢ᠋ ᠤᠷᠢᠳᠴᠢᠯᠠᠨ ᠳᠠᠭᠠᠵᠤ ᠮᠡᠳᠡᠬᠦ ᠠᠷᠭ᠎ᠠ ᠦᠭᠡᠢ ᠨᠢ ᠭᠠᠰᠠᠯᠠᠩᠲᠠᠢ᠃ ᠣᠳᠣ ᠲᠡᠳᠡᠨ ᠳ᠋ᠦ᠍ ᠭᠠᠭᠴᠠᠬᠠᠨ ᠲᠡᠪᠴᠢᠬᠦ ᠯᠡ ᠦᠯᠡᠳᠡᠵᠡᠢ᠃
— ᠪᠦᠦ ᠤᠬᠢᠯᠠ᠂ ᠪᠥᠷᠲᠡ᠃ ᠪᠢ ᠴᠢᠮᠠᠶ᠋ᠢ ᠶᠠᠭᠠᠬᠢᠵᠤ ᠣᠷᠬᠢᠨ᠎ᠠ᠃ ᠪᠢ ᠴᠢᠮᠠᠶ᠋ᠢ ᠯᠠ ᠠᠪᠬᠤ ᠭᠡᠵᠦ ᠢᠷᠡᠭᠰᠡᠨ᠃ ᠶᠠᠭᠤᠮ᠎ᠠ ᠪᠠᠨ ᠪᠡᠯᠡᠳ᠃ ᠮᠠᠷᠭᠠᠰᠢ ᠶᠠᠪᠤᠵᠠᠭᠠᠨ᠎ᠠ ᠭᠡᠵᠦ ᠲᠡᠮᠦᠵᠢᠨ ᠬᠡᠯᠡᠬᠦ ᠳ᠋ᠡᠭᠡᠨ ᠥᠪᠡᠷ ᠦ᠋ᠨ ᠢ᠋ᠶ᠋ᠡᠨ ᠢᠩᠭᠢᠵᠦ ᠲᠠᠢᠪᠤᠰᠢᠷᠠᠭᠰᠠᠨ ᠳ᠋ᠤ᠌ ᠭᠠᠢᠬᠠᠵᠠᠢ᠃
ᠶᠠᠭᠤ ᠠᠪᠬᠤ ᠪᠢᠯᠡ? ᠵᠠᠮ ᠳ᠋ᠤ᠌ ᠲᠥᠷᠥᠪᠡᠯ ᠭᠡᠵᠦ ᠯᠡ ᠵᠢᠭᠠᠯ ᠵᠤᠭᠤᠯ ᠶᠠᠭᠤᠮ᠎ᠠ ᠠᠪᠤᠶ᠎ᠠ᠃ ᠲᠡᠭᠡᠭᠡᠳ ᠯᠡ ᠶᠠᠪᠤᠶ᠎ᠠ᠃ ᠲᠡᠮᠦᠵᠢᠨ᠂ ᠴᠢ ᠨᠠᠮᠠᠶ᠋ᠢ ᠪᠦᠦ ᠵᠢᠮᠡᠯᠡ᠃ ᠡᠨᠡ ᠬᠡᠦᠬᠡᠳ ᠴᠢᠨᠦ ᠬᠡᠦᠬᠡᠳ ᠪᠣᠯᠤᠨ᠎ᠠ᠃ ᠪᠢ ᠠᠮᠠᠯᠠᠵᠤ ᠪᠠᠢᠨ᠎ᠠ᠃
— ᠲᠩᠷᠢ ᠶ᠋ᠢᠨ ᠲᠠᠭᠠᠯᠠᠯ ᠮᠡᠳᠡᠵᠦ ᠭᠡᠮᠡᠨ ᠲᠡᠮᠦᠵᠢᠨ ᠳᠤᠭᠤᠯᠭᠠᠪᠤᠷᠢ ᠲᠠᠢ ᠰᠢᠪᠡᠨᠡᠪᠡ᠃
ᠲᠡᠮᠦᠵᠢᠨ ᠪᠥᠷᠲᠡ ᠬᠣᠶᠠᠷ ᠡᠢᠨ ᠡᠪᠯᠡᠷᠡᠪᠡ᠃ ᠪᠥᠷᠲᠡ ᠥᠪᠡᠷ ᠦ᠋ᠨ ᠬᠣᠨᠣᠭᠰᠠᠨ ᠭᠡᠷ ᠤᠷᠤᠭᠤ ᠬᠥᠯ ᠨᠢ ᠬᠥᠩᠭᠡᠷᠡᠴᠢᠬᠡᠭᠰᠡᠨ ᠮᠡᠲᠦ ᠭᠦᠶᠦᠨ ᠣᠳᠤᠯ᠎ᠠ᠃
ᠲᠡᠷᠡ ᠰᠥᠨᠢ ᠮᠡᠷᠭᠢᠳ ᠦ᠋ᠨ ᠡᠵᠡᠭᠦᠢ ᠭᠡᠷ ᠲᠦ᠍ ᠬᠣᠨᠣᠬᠤ ᠳ᠋ᠠᠭᠠᠨ ᠲᠡᠮᠦᠵᠢᠨ ᠶᠡᠬᠡ ᠶ᠋ᠢ ᠪᠣᠳᠣᠪᠠ᠃
ᠲᠠᠢᠪᠤᠰᠢᠷᠠᠵᠤ᠂ ᠶᠠᠳᠠᠷᠠᠭᠰᠠᠨ ᠪᠥᠷᠲᠡ ᠭᠠᠯ ᠤ᠋ᠨ ᠢᠯᠴᠢᠨ ᠳ᠋ᠦ᠍ ᠴᠣᠬᠢᠭᠳᠠᠨ ᠨᠠᠮ ᠤᠨᠲᠠᠵᠠᠢ᠃ ᠬᠠᠷᠢᠨ ᠲᠡᠮᠦᠵᠢᠨ ᠭᠠᠯ ᠤ᠋ᠨ ᠳᠥᠯᠥ ᠰᠢᠷᠲᠡᠨ ᠪᠣᠳᠣᠯ ᠳ᠋ᠤ᠌ ᠠᠪᠲᠠᠨ᠎ᠠ᠃ ᠠᠮᠢᠳᠤᠷᠠᠯ ᠡᠳᠦᠷ ᠪᠦᠷᠢ ᠲᠡᠭᠦᠨ ᠳ᠋ᠦ᠍ ᠬᠠᠷᠢᠭᠤ ᠣᠯᠬᠤ ᠳ᠋ᠤ᠌ ᠪᠡᠷᠬᠡᠲᠡᠢ ᠬᠦᠨᠳᠦ ᠠᠰᠠᠭᠤᠯᠲᠠ ᠲᠤᠯᠭᠠᠬᠤ ᠠᠵᠢ᠃ ᠣᠳᠣ ᠶᠠᠭᠠᠬᠢᠬᠤ ᠶᠣᠰᠣᠲᠠᠢ ᠪᠣᠢ? ᠪᠦᠭᠦᠳᠡ ᠡᠴᠡ ᠲᠣᠳᠣ ᠣᠢᠯᠠᠭᠠᠮᠵᠢᠲᠠᠢ ᠪᠠᠢᠭ᠎ᠠ ᠭᠠᠭᠴᠠ ᠶᠠᠭᠤᠮ᠎ᠠ ᠪᠣᠯ ᠪᠥᠷᠲᠡ ᠶ᠋ᠢ ᠶᠠᠭᠠᠬᠢᠭᠰᠠᠨ ᠴᠤ᠌ ᠳᠠᠬᠢᠨ ᠠᠯᠳᠠᠵᠤ ᠪᠣᠯᠬᠤ ᠦᠭᠡᠢ ᠶᠠᠪᠤᠳᠠᠯ ᠭᠡᠳᠡᠭ ᠢ᠋ ᠲᠡᠷᠡ ᠳᠠᠬᠢᠨ ᠤᠬᠠᠭᠠᠷᠠᠪᠠ᠃ ᠪᠥᠷᠲᠡ ᠶ᠋ᠢ ᠠᠳᠠ ᠦᠵᠡᠬᠦ ᠶᠤᠮ ᠤᠤ᠂ ᠠᠯᠠᠬᠤ ᠨᠢ ᠣᠭᠲᠣ ᠤᠳᠬ᠎ᠠ ᠦᠭᠡᠢ ᠬᠡᠷᠡᠭ ᠶᠤᠮ᠃ ᠪᠥᠷᠲᠡ ᠶ᠋ᠢ ᠪᠤᠴᠠᠭᠠᠨ ᠠᠪᠤᠭᠰᠠᠨ ᠨᠢ ᠡᠨᠡ ᠳᠣᠯᠣᠭᠠᠨ ᠡᠴᠡ ᠣᠯᠤᠭᠰᠠᠨ ᠲᠡᠭᠦᠨ ᠦ᠌ ᠬᠠᠮᠤᠭ ᠤ᠋ᠨ ᠲᠣᠮᠣ ᠣᠯᠵᠠ᠃ ᠲᠡᠢᠮᠦ ᠤᠴᠢᠷ ᠡᠴᠡ ᠲᠡᠭᠦᠨ ᠢ᠋ ᠪᠡᠨ ᠶᠠᠭᠠᠬᠢᠭᠰᠠᠨ ᠴᠤ᠌ ᠠᠯᠳᠠᠵᠤ ᠪᠣᠯᠬᠤ ᠦᠭᠡᠢ᠃ ᠬᠠᠷᠢᠨ ᠬᠥᠯ ᠬᠦᠨᠳᠦ ᠪᠣᠯᠤᠭᠰᠠᠨ ᠨᠢ ᠶᠠᠭᠠᠬᠢᠬᠤ ᠴᠤ᠌ ᠠᠷᠭ᠎ᠠ ᠦᠭᠡᠢ ᠲᠡᠭᠦᠨ ᠢ᠋ ᠡᠷᠡᠭᠡᠯᠵᠡᠵᠦ ᠭᠠᠢᠬᠠᠬᠤ ᠳ᠋ᠤ᠌ ᠬᠦᠷᠭᠡᠨ ᠪᠣᠬᠢᠮᠳᠤᠭᠤᠯᠤᠨᠡ᠃ ᠭᠡᠪᠡᠴᠦ ᠲᠡᠮᠦᠵᠢᠨ ᠳ᠋ᠦ᠍ ᠡᠭᠦᠨ ᠲᠡᠢ ᠡᠪᠯᠡᠷᠡᠨ ᠵᠣᠬᠢᠴᠠᠬᠤ ᠡᠴᠡ ᠥᠭᠡᠷ᠎ᠡ ᠵᠠᠮ ᠪᠠᠢᠭᠰᠠᠨ ᠦᠭᠡᠢ᠃ ᠮᠡᠷᠭᠢᠳ ᠡᠴᠡ ᠪᠥᠷᠲᠡ ᠶ᠋ᠢ ᠪᠤᠴᠠᠭᠠᠵᠤ ᠪᠤᠯᠢᠶᠠᠨ ᠠᠪᠤᠭᠰᠠᠨ ᠢ᠋ᠶ᠋ᠠᠷ ᠬᠡᠷᠡᠢᠳ ᠵᠠᠳᠠᠷᠠᠨ ᠭᠡᠰᠡᠨ ᠬᠣᠶᠠᠷ ᠬᠦᠴᠦᠷᠬᠡᠭ ᠬᠣᠯᠪᠣᠭᠠᠲᠠᠨ ᠲᠠᠢ ᠪᠠᠨ ᠪᠦᠭᠦᠳᠡ ᠳ᠋ᠦ᠍ ᠬᠠᠷᠠᠭᠤᠯᠤᠭᠰᠠᠨ ᠨᠢ ᠪᠣᠷᠵᠢᠭᠢᠨ ᠠᠢᠮᠠᠭ ᠡᠷᠭᠢᠨ ᠨᠢᠭᠡᠳᠦᠭᠰᠡᠨ ᠲᠡᠢ ᠠᠳᠠᠯᠢ ᠦᠢᠯᠡ ᠶᠠᠪᠤᠳᠠᠯ ᠪᠣᠯᠤᠨ᠎ᠠ ᠭᠡᠳᠡᠭ ᠢ᠋ ᠲᠡᠮᠦᠵᠢᠨ ᠲᠠᠭᠠᠪᠤᠷᠢᠯᠠᠵᠤ ᠪᠠᠢᠭᠰᠠᠨ ᠲᠤᠯᠠ ᠪᠡᠶ᠎ᠡ ᠪᠡᠨ ᠪᠠᠷᠢᠵᠤ᠂ ᠲᠠᠢᠪᠤᠰᠢᠷᠠᠬᠤ ᠶ᠋ᠢ ᠬᠦᠴᠦᠯᠡᠨ ᠬᠢᠴᠢᠶᠡᠵᠦ ᠪᠠᠢᠯ᠎ᠠ᠃
ᠠᠮᠢᠳᠤᠷᠠᠯ ᠤ᠋ᠨ ᠢ᠋ᠶ᠋ᠠᠨ ᠲᠥᠯᠥᠭᠡ᠂ ᠢᠷᠡᠭᠡᠳᠦᠢ ᠶ᠋ᠢᠨ ᠢᠯᠠᠯᠲᠠ ᠶ᠋ᠢᠨ ᠲᠥᠯᠥᠭᠡ ᠡᠢᠮᠦ ᠦᠨ᠎ᠡ ᠲᠥᠯᠥᠬᠦ ᠶᠣᠰᠣᠲᠠᠢ ᠪᠣᠯ ᠲᠥᠯᠥᠬᠦ ᠡᠴᠡ ᠥᠭᠡᠷ᠎ᠡ ᠠᠷᠭ᠎ᠠ ᠦᠭᠡᠢ ᠶ᠋ᠢ ᠤᠬᠠᠭᠠᠷᠠᠵᠤ ᠪᠠᠢᠪᠠ᠃
ᠰᠡᠳᠬᠢᠯ ᠨᠢ ᠣᠩᠭᠣᠢᠵᠤ ᠲᠠᠢᠪᠤᠰᠢᠷᠠᠭᠠᠳ ᠨᠠᠮ ᠤᠨᠲᠠᠭᠰᠠᠨ ᠪᠥᠷᠲᠡ ᠶ᠋ᠢ ᠲᠡᠮᠦᠵᠢᠨ ᠭᠠᠯ ᠤ᠋ᠨ ᠭᠡᠷᠡᠯ ᠳ᠋ᠦ᠍ ᠤᠳᠠᠭᠠᠨ ᠰᠢᠷᠲᠡᠨ ᠠᠵᠢᠭᠯᠠᠪᠠ᠃ ᠲᠡᠷᠡ ᠦᠨᠡᠬᠡᠷ ᠦᠵᠡᠰᠬᠦᠯᠡᠩᠲᠡᠢ ᠴᠦ᠍ ᠥᠰᠲᠦ ᠮᠡᠷᠭᠢᠳ ᠦ᠋ᠨ ᠴᠢᠯᠭᠡᠷ ᠪᠥᠬᠡ ᠭᠡᠭᠴᠢ ᠡᠷ᠎ᠡ ᠲᠡᠭᠦᠨ ᠢ᠋ ᠨᠢ ᠡᠳ᠋ᠯᠡᠵᠦ ᠪᠠᠢᠭᠰᠠᠨ ᠭᠡᠵᠦ ᠰᠠᠨᠠᠭᠳᠠᠬᠤᠢ ᠳ᠋ᠤ᠌ ᠭᠣᠣᠯ ᠨᠢ ᠬᠠᠷᠠᠯᠠᠨ ᠰᠢᠳᠦ ᠪᠡᠨ ᠬᠡᠮᠬᠡᠷᠡᠲᠡᠯ᠎ᠡ ᠵᠠᠭᠤᠵᠤ᠂ ᠰᠢᠷᠢᠳᠡᠭ ᠦ᠋ᠨ ᠳᠡᠭᠡᠷ᠎ᠡ ᠰᠢᠷᠬᠠᠲᠤᠭᠰᠠᠨ ᠴᠢᠨᠣ᠎ᠠ ᠰᠢᠭ᠋ ᠠᠷᠬᠢᠷᠠᠨ ᠥᠩᠬᠥᠷᠢᠪᠡ᠃ ᠲᠡᠭᠦᠨ ᠳ᠋ᠦ᠍ ᠪᠥᠷᠲᠡ ᠶ᠋ᠢ ᠬᠡᠮᠬᠡ ᠪᠠᠯᠪᠠᠨ ᠬᠥᠭᠡᠭᠡᠵᠦ ᠶᠠᠪᠤᠭᠤᠯᠬᠤ ᠬᠦᠰᠡᠯ ᠲᠡᠪᠴᠢᠰᠢ ᠦᠭᠡᠢ ᠶᠡᠬᠡ ᠪᠡᠷ ᠣᠷᠭᠢᠯᠪᠠᠴᠤ ᠪᠡᠶ᠎ᠡ ᠪᠡᠨ ᠪᠠᠷᠢᠵᠤ ᠳᠣᠲᠣᠷ᠎ᠠ ᠪᠠᠨ ᠭᠠᠰᠠᠯᠤᠨ ᠤᠬᠢᠯᠠᠵᠤ ᠪᠠᠢᠪᠠ᠃ ᠲᠡᠭᠦᠨ ᠦ᠌ ᠦᠰ ᠬᠣᠷᠣᠰᠤᠯ ᠳ᠋ᠤ᠌ ᠬᠢᠵᠠᠭᠠᠷ ᠪᠠᠢᠭᠰᠠᠨ ᠦᠭᠡᠢ᠃
ᠲᠩᠷᠢ ᠮᠢᠨᠢ᠂ ᠨᠠᠮᠠᠶ᠋ᠢ ᠶᠠᠭᠠᠬᠢᠭᠰᠠᠨ ᠭᠡᠵᠦ ᠢᠩᠭᠢᠵᠦ ᠬᠠᠲᠠᠭᠤ ᠪᠠᠷ ᠵᠠᠯᠬᠠᠭᠠᠨ᠎ᠠ ᠪᠣᠢ? ᠶᠠᠭᠤᠨ ᠤ᠋ ᠤᠴᠢᠷ ᠥᠰᠲᠦ ᠮᠡᠷᠭᠢᠳ ᠦ᠋ᠨ ᠦᠷ᠎ᠡ ᠶ᠋ᠢ ᠡᠪᠦᠷ ᠲᠦ᠍ ᠮᠢᠨᠢ ᠰᠢᠷᠭᠤᠭᠤᠯᠪᠠ? ᠲᠡᠭᠦᠨ ᠢ᠋ ᠨᠠᠳᠠ ᠡᠴᠡ ᠵᠠᠢᠯᠠᠭᠤᠯᠵᠤ ᠥᠭᠭᠦᠭᠡᠴᠢ! ᠪᠢ ᠣᠳᠣ ᠶᠠᠭᠠᠬᠢᠬᠤ ᠶᠣᠰᠣᠲᠠᠢ ᠪᠣᠢ? ᠬᠡᠯᠡᠭᠡᠴᠢ?
ᠲᠡᠮᠦᠵᠢᠨ ᠮᠡᠷᠭᠢᠳ ᠦ᠋ᠨ ᠬᠦᠷᠢᠶᠡᠨ ᠦ᠌ ᠵᠠᠬ᠎ᠠ ᠳ᠋ᠤ᠌ ᠬᠠᠳᠠᠨ ᠳᠡᠭᠡᠷ᠎ᠡ ᠭᠠᠷᠴᠤ ᠰᠥᠬᠥᠷᠡᠨ ᠰᠠᠭᠤᠭᠠᠳ ᠲᠩᠷᠢ ᠡᠴᠡ ᠡᠢᠨ ᠮᠥᠷᠭᠥᠨ ᠭᠤᠶᠤᠪᠠ᠃ ᠬᠠᠷᠠᠩᠭᠤᠢ ᠲᠩᠷᠢ ᠳᠦᠯᠡᠢ ᠶᠤᠮ ᠰᠢᠭ ᠲᠠᠭ ᠴᠢᠭ᠃ ᠰᠠᠢᠨ ᠮᠠᠭᠤ ᠶᠠᠮᠠᠷ ᠴᠤ᠌ ᠬᠠᠷᠢᠭᠤ ᠡᠰᠡ ᠰᠣᠨᠣᠰᠤᠭᠳᠠᠨ᠎ᠠ᠃ ᠤᠬᠠᠭᠠᠨ ᠰᠠᠨᠠᠭᠠᠨ ᠳ᠋ᠤᠨᠢ ᠶᠠᠮᠠᠷ ᠨᠢᠭᠡᠨ ᠲᠣᠳᠣᠷᠬᠠᠢ ᠰᠢᠢᠳ ᠲᠥᠷᠥᠬᠦ ᠦᠭᠡᠢ ᠮᠤᠬᠤᠷᠳᠠᠨ᠎ᠠ᠃ ᠲᠩᠷᠢ ᠳ᠋ᠦ᠍ ᠬᠠᠨᠳᠤᠨ ᠦᠭᠡ ᠪᠡᠨ ᠬᠡᠯᠡᠭᠰᠡᠨ ᠲᠣᠬᠢᠶᠠᠯ ᠪᠦᠷᠢ ᠳ᠋ᠦ᠍ ᠲᠡᠭᠦᠨ ᠦ᠌ ᠤᠬᠠᠭᠠᠨ ᠰᠠᠨᠠᠭ᠎ᠠ ᠨᠢ ᠭᠡᠢᠵᠦ᠂ ᠵᠣᠷᠢᠭ ᠲᠡᠭᠦᠰ ᠪᠣᠯᠳᠠᠭ ᠪᠣᠯ ᠡᠨᠡ ᠤᠳᠠᠭ᠎ᠠ ᠲᠡᠭᠡᠭᠰᠡᠨ ᠦᠭᠡᠢ ᠨᠢ ᠭᠠᠢᠬᠠᠯᠲᠠᠢ᠃ ᠯᠠᠪ ᠲᠡᠭᠦᠨ ᠦ᠌ ᠬᠡᠯᠡᠭᠰᠡᠨ ᠬᠦᠰᠡᠯ ᠢ᠋ ᠲᠩᠷᠢ ᠲᠠᠭᠠᠯᠠᠭᠰᠠᠨ ᠦᠭᠡᠢ ᠪᠣᠯᠤᠯᠲᠠᠢ᠃ ᠲᠩᠷᠢ ᠳ᠋ᠦ᠍ ᠲᠠᠭᠠᠯᠠᠭᠳᠠᠬᠤ ᠦᠭᠡᠢ ᠬᠦᠰᠡᠯ ᠪᠠᠰᠠ ᠪᠠᠢᠳᠠᠭ ᠢ᠋ ᠲᠡᠮᠦᠵᠢᠨ ᠤᠬᠠᠭᠠᠷᠠᠯ᠎ᠠ᠃ ᠡᠢᠮᠦ ᠦᠶ᠎ᠡ ᠳ᠋ᠦ᠍ ᠶᠠᠭᠠᠬᠢᠬᠤ ᠶᠣᠰᠣᠲᠠᠢ ᠪᠣᠢ? ᠦᠷ ᠴᠠᠢᠵᠤ ᠭᠡᠭᠡ ᠣᠷᠣᠬᠤ ᠡᠴᠡ ᠡᠮᠦᠨ᠎ᠡ ᠲᠡᠮᠦᠵᠢᠨ ᠰᠢᠢᠳ ᠭᠠᠷᠭᠠᠬᠤ ᠶᠣᠰᠣᠲᠠᠢ᠃ ᠲᠩᠷᠢ ᠲᠡᠭᠦᠨ ᠳ᠋ᠦ᠍ ᠲᠤᠰᠠᠯᠠᠬᠤ ᠦᠭᠡᠢ ᠨᠢ ᠣᠢᠯᠠᠭᠠᠮᠵᠢᠲᠠᠢ ᠪᠣᠯᠤᠭᠰᠠᠨ ᠲᠤᠯᠠ ᠵᠥᠪᠬᠡᠨ ᠥᠪᠡᠷ ᠦ᠋ᠨ ᠵᠣᠷᠢᠭ᠂ ᠤᠬᠠᠭᠠᠨ ᠳ᠋ᠤ᠌ ᠨᠠᠢᠳᠠᠬᠤ ᠬᠡᠷᠡᠭᠲᠡᠢ ᠪᠣᠯᠵᠠᠢ᠃ ᠲᠡᠮᠦᠵᠢᠨ ᠲᠩᠷᠢ ᠶ᠋ᠢᠨ ᠦᠭᠡ ᠶ᠋ᠢ ᠬᠦᠯᠢᠶᠡᠨ ᠰᠠᠭᠤᠵᠤ᠂ ᠭᠣᠮᠣᠳᠠᠯᠲᠠᠢ ᠪᠠᠷ ᠪᠦᠰᠡ ᠪᠡᠨ ᠪᠦᠰᠡᠯᠡᠨ ᠪᠣᠰᠤᠯ᠎ᠠ᠃ ᠣᠳᠣ ᠲᠡᠭᠦᠨ ᠳ᠋ᠦ᠍ ᠭᠠᠭᠴᠠᠬᠠᠨ ᠥᠪᠡᠷ ᠦ᠋ᠨ ᠰᠢᠢᠳᠪᠦᠷᠢ ᠳ᠋ᠦ᠍ ᠢᠲᠡᠭᠡᠬᠦ ᠯᠡ ᠦᠯᠡᠳᠡᠵᠡᠢ᠃ ᠲᠩᠷᠢ ᠨᠢᠭᠡᠨᠲᠡ ᠬᠠᠷᠢᠭᠤ ᠬᠡᠯᠡᠭᠡ ᠦᠭᠡᠢ ᠲᠤᠯᠠ ᠶᠠᠭᠠᠬᠢᠵᠤ ᠰᠢᠢᠳᠬᠦ ᠨᠢ ᠥᠪᠡᠷ ᠦ᠋ᠨ ᠮᠡᠳᠡᠬᠦ ᠬᠡᠷᠡᠭ ᠭᠡᠵᠦ ᠲᠡᠷᠡ ᠪᠣᠳᠣᠪᠠ᠃ ᠶᠢᠰᠦᠭᠡᠢ ᠡᠴᠢᠭᠡ ᠶ᠋ᠢᠨ ᠢ᠋ᠶ᠋ᠡᠨ ᠱᠠᠷᠢᠯ ᠤ᠋ᠨ ᠳᠡᠷᠭᠡᠳᠡ ᠰᠠᠭᠤᠬᠤ ᠳ᠋ᠠᠭᠠᠨ ᠯᠠ ᠲᠩᠷᠢ ᠶ᠋ᠢᠨ ᠦᠭᠡ ᠶ᠋ᠢ ᠰᠣᠨᠣᠰᠴᠤ᠂ ᠲᠡᠭᠦᠨ ᠲᠡᠢ ᠶᠠᠷᠢᠵᠤ ᠦᠵᠡᠬᠦ ᠰᠠᠨ ᠭᠡᠵᠦ ᠲᠡᠮᠦᠵᠢᠨ ᠠᠩᠬ᠎ᠠ ᠲᠤᠢᠯ ᠦᠭᠡᠢ ᠶᠡᠬᠡ ᠭᠠᠰᠢᠭᠤᠳᠠᠨ ᠬᠦᠰᠡᠭᠰᠡᠨ ᠪᠢᠯᠡ᠃ ᠲᠡᠭᠦᠨ ᠡᠴᠡ ᠬᠣᠢᠰᠢ ᠰᠡᠳᠬᠢᠯ ᠦ᠋ᠨ ᠳᠣᠲᠣᠷ᠎ᠠ ᠲᠣᠳᠣᠷᠬᠠᠢ ᠰᠢᠢᠳ ᠭᠠᠷᠭᠠᠵᠤ ᠴᠢᠳᠠᠬᠤ ᠦᠭᠡᠢ ᠪᠣᠯᠤᠭᠰᠠᠨ ᠦᠶ᠎ᠡ ᠳ᠋ᠡᠭᠡᠨ ᠢᠩᠭᠢᠵᠦ ᠲᠩᠷᠢ ᠲᠡᠢ ᠶᠠᠷᠢᠵᠤ ᠰᠤᠷᠴᠠᠢ᠃ ᠢᠩᠭᠢᠬᠦ ᠳ᠋ᠦ᠍ᠨᠢ ᠮᠡᠩᠯᠢᠭ ᠦ᠋ᠨ ᠳᠤᠮᠳᠠ ᠬᠥᠪᠡᠭᠦᠨ ᠬᠥᠭᠡᠴᠦ ᠤᠷᠤᠭᠤ ᠲᠠᠲᠠᠭᠰᠠᠨ ᠶᠤᠮ᠃ ᠬᠡᠨ᠂ ᠬᠠᠮᠢᠭ᠎ᠠ ᠡᠴᠡ ᠲᠡᠭᠦᠨ ᠳ᠋ᠦ᠍ ᠢᠩᠭᠢᠵᠦ ᠲᠣᠪ ᠲᠣᠳᠣ ᠦᠭᠡ ᠬᠡᠯᠡᠵᠦ ᠤᠬᠠᠭᠠᠷᠠᠭᠤᠯᠳᠠᠭ ᠢ᠋ ᠮᠡᠳᠡᠬᠦ ᠦᠭᠡᠢ᠂ ᠪᠠᠰᠠ ᠦᠵᠡᠭᠡ ᠦᠭᠡᠢ ᠴᠦ᠍ ᠲᠩᠷᠢ ᠯᠡ ᠢᠩᠭᠢᠵᠦ ᠬᠡᠯᠡᠳᠡᠭ ᠭᠡᠳᠡᠭ ᠲᠦ᠍ ᠲᠡᠷᠡ ᠢᠲᠡᠭᠡᠳᠡᠭ᠂ ᠪᠠᠰᠠ ᠬᠥᠭᠡᠴᠦ ᠴᠦ᠍ ᠲᠡᠭᠡᠵᠦ ᠬᠡᠯᠡᠳᠡᠭ ᠪᠠᠢᠪᠠ᠃ ᠡᠨᠡ ᠨᠢ ᠲᠩᠷᠢ ᠶ᠋ᠢᠨ ᠦᠭᠡ ᠪᠢᠰᠢ ᠬᠠᠷᠢᠨ ᠥᠪᠡᠷ ᠦ᠋ᠨ ᠬᠢᠨᠢ ᠤᠬᠠᠭᠠᠷᠠᠯ ᠭᠡᠳᠡᠭ ᠢ᠋ ᠲᠡᠮᠦᠵᠢᠨ ᠮᠡᠳᠡᠭᠰᠡᠨ ᠦᠭᠡᠢ᠃ ᠪᠠᠰᠠ ᠡᠭᠦᠨ ᠢ᠋ ᠪᠡᠨ ᠨᠥᠬᠥᠳ ᠲᠡᠭᠡᠨ ᠴᠦ᠍ ᠬᠡᠯᠡᠳᠡᠭ ᠦᠭᠡᠢ ᠪᠠᠢᠯ᠎ᠠ᠃ ᠬᠠᠷᠢᠨ ᠠᠩᠬ᠎ᠠ ᠤᠳᠠᠭ᠎ᠠ ᠲᠩᠷᠢ ᠲᠡᠭᠦᠨ ᠳ᠋ᠦ᠍ ᠶᠠᠮᠠᠷ ᠨᠢᠭᠡᠨ ᠬᠠᠷᠢᠭᠤ ᠬᠡᠯᠡᠵᠦ ᠵᠥᠪᠯᠡᠭᠰᠡᠨ ᠦᠭᠡᠢ ᠨᠢ ᠪᠥᠷᠲᠡ ᠶ᠋ᠢᠨ ᠪᠡᠶ᠎ᠡ ᠳᠠᠪᠬᠤᠷ ᠪᠣᠯᠤᠭᠰᠠᠨ ᠳ᠋ᠤ᠌ ᠲᠡᠮᠦᠵᠢᠨ ᠦ᠌ ᠤᠬᠠᠭᠠᠨ ᠴᠣᠴᠢᠷᠳᠠᠨ ᠰᠠᠮᠠᠭᠤᠷᠠᠭᠰᠠᠨ ᠤ᠋ ᠬᠢ ᠪᠠᠢᠪᠠ᠃ ᠡᠨᠡ ᠤᠳᠠᠭ᠎ᠠ ᠶᠠᠮᠠᠷ ᠴᠤ᠌ ᠦᠶ᠎ᠡ ᠳ᠋ᠦ᠍ ᠭᠠᠭᠴᠠᠬᠠᠨ ᠥᠪᠡᠷ ᠲᠡᠭᠡᠨ ᠯᠡ ᠢᠲᠡᠭᠡᠬᠦ ᠬᠡᠷᠡᠭᠲᠡᠢ ᠭᠡᠳᠡᠭ ᠢ᠋ ᠠᠮᠢᠳᠤᠷᠠᠯ ᠲᠡᠭᠦᠨ ᠳ᠋ᠦ᠍ ᠤᠬᠠᠭᠠᠷᠠᠭᠤᠯᠵᠠᠢ᠃ᠪᠠᠰᠠ ᠮᠠᠭᠠᠳ ᠦᠭᠡᠢ ᠭᠠᠵᠠᠷ ᠣᠷᠣᠨ ᠨᠢ ᠥᠭᠡᠷ᠎ᠡ ᠤᠴᠢᠷ ᠡᠨᠳᠡ ᠲᠩᠷᠢ ᠲᠡᠭᠦᠨ ᠦ᠌ ᠬᠦᠰᠡᠯ ᠢ᠋ ᠰᠣᠨᠣᠰᠤᠭ᠎ᠠ ᠦᠭᠡᠢ ᠴᠤ᠌ ᠪᠠᠢᠵᠤ ᠮᠡᠳᠡᠨ᠎ᠡ ᠭᠡᠵᠦ ᠲᠩᠷᠢ ᠶ᠋ᠢ ᠴᠠᠭᠠᠳᠬᠠᠨ ᠪᠣᠳᠣᠵᠠᠢ᠃ ᠲᠩᠷᠢ ᠡᠢᠨ ᠬᠦ᠌ ᠲᠠᠭ ᠳᠠᠭᠤ ᠦᠭᠡᠢ ᠪᠠᠢᠭᠰᠠᠨ ᠨᠢ ᠲᠡᠮᠦᠵᠢᠨ ᠦ᠌ ᠡᠷᠡᠭᠡᠯᠵᠡᠭᠡ ᠶ᠋ᠢ ᠲᠠᠢᠯᠵᠤ ᠥᠪᠡᠷ ᠦ᠋ᠨ ᠢ᠋ᠶ᠋ᠡᠨ ᠵᠥᠪ ᠭᠡᠮᠡᠨ ᠪᠣᠳᠣᠬᠤ ᠳ᠋ᠤ᠌ ᠬᠦᠷᠭᠡᠪᠡ᠃ ᠭᠡᠲᠡᠯ᠎ᠡ ᠤᠭ ᠡᠴᠡ ᠳᠡᠮᠡᠢ ᠶᠠᠭᠤᠮ᠎ᠠ ᠪᠣᠳᠣᠵᠤ ᠲᠡᠭᠦᠨ ᠢ᠋ ᠪᠡᠨ ᠠᠰᠠᠭᠤᠵᠤ ᠳᠡᠮᠵᠢᠯᠭᠡ ᠬᠦᠰᠡᠭᠰᠡᠨ ᠢ᠋ ᠨᠢ ᠲᠩᠷᠢ ᠳᠠᠭᠠᠯᠠᠭᠠ ᠦᠭᠡᠢ ᠶ᠋ᠢ ᠲᠡᠮᠦᠵᠢᠨ ᠮᠠᠲᠠᠯ ᠦᠭᠡᠢ ᠥᠩᠭᠡᠷᠡᠭᠰᠡᠨ ᠪᠢᠯᠡ᠃
ᠥᠷᠯᠥᠭᠡ ᠪᠣᠯᠵᠤ ᠨᠠᠷᠠ ᠲᠤᠰᠬᠤ ᠳ᠋ᠤ᠌ ᠲᠡᠮᠦᠵᠢᠨ ᠦ᠌ ᠰᠡᠳᠬᠢᠯ ᠰᠢᠭᠤᠳᠷᠠᠵᠤ ᠰᠢᠢᠳᠪᠦᠷᠢ ᠲᠡᠭᠦᠰ ᠪᠣᠯᠤᠭᠰᠠᠨ ᠪᠠᠢᠯ᠎ᠠ᠃ ᠮᠡᠷᠭᠢᠳ ᠦ᠋ᠨ ᠶᠡᠬᠡᠩᠬᠢ ᠶ᠋ᠢ ᠰᠥᠨᠥᠭᠡᠭᠰᠡᠨ ᠲᠤᠭᠤᠷᠢᠯ ᠵᠠᠮᠤᠬ᠎ᠠ ᠬᠣᠶᠠᠷ ᠣᠯᠵᠠᠨ ᠳ᠋ᠠᠭᠠᠨ ᠴᠠᠳᠴᠤ ᠬᠠᠨᠤᠭᠠᠳ ᠲᠡᠮᠦᠵᠢᠨ ᠢ᠋ ᠣᠷᠣ ᠲᠠᠰᠤ ᠮᠠᠷᠲᠠᠵᠠᠢ᠃ ᠲᠡᠳᠡ ᠲᠣᠭᠲᠠᠭ᠎ᠠ ᠪᠡᠬᠢ ᠶ᠋ᠢᠨ ᠶᠡᠬᠡ ᠥᠷᠭᠥᠭᠡ ᠶ᠋ᠢ ᠡᠵᠡᠯᠡᠵᠦ ᠮᠡᠷᠭᠢᠳ ᠦ᠋ᠨ ᠪᠦᠰᠡᠭᠦᠢᠴᠦᠳ ᠢ᠋ᠶ᠋ᠡᠷ ᠵᠤᠭ᠎ᠠ ᠪᠠᠨ ᠭᠠᠷᠭᠠᠵᠤ ᠨᠠᠢᠷᠯᠠᠭᠰᠠᠭᠠᠷ ᠠᠵᠢ᠃ ᠲᠡᠮᠦᠵᠢᠨ ᠦ᠌ ᠨᠥᠬᠥᠳ ᠪᠤᠭᠤᠷᠴᠢ᠂ ᠵᠡᠯᠮ᠎ᠡ᠂ ᠪᠡᠯᠭᠦᠳᠡᠢ᠂ ᠬᠠᠰᠠᠷ ᠨᠠᠷ ᠲᠡᠭᠦᠨ ᠦ᠌ ᠶᠠᠭᠤ ᠬᠡᠯᠡᠬᠦ ᠶ᠋ᠢ ᠪᠡᠶᠡᠯᠡᠭᠦᠯᠬᠦ ᠳ᠋ᠦ᠍ ᠪᠡᠯᠡᠨ ᠬᠦᠯᠢᠶᠡᠵᠦ ᠪᠠᠢᠪᠠ᠃ ᠲᠡᠮᠦᠵᠢᠨ ᠦ᠌ ᠴᠢᠷᠠᠢ ᠶ᠋ᠢ ᠶᠠᠭᠠᠬᠢᠵᠤ ᠴᠤ᠌ ᠰᠢᠨᠵᠢᠭᠡᠳ ᠶᠠᠭᠤ ᠭᠡᠵᠦ ᠰᠢᠢᠳᠦᠭᠰᠡᠨ ᠢ᠋ ᠳᠠᠭᠠᠬᠤ ᠠᠷᠭ᠎ᠠ ᠦᠭᠡᠢ᠃ ᠥᠷᠯᠥᠭᠡᠨ ᠦ᠌ ᠨᠠᠷᠠᠨ ᠳ᠋ᠤ᠌ ᠰᠢᠭᠦᠳᠡᠷᠢ ᠶ᠋ᠢᠨ ᠤᠰᠤ ᠰᠣᠯᠣᠩᠭᠠᠷᠠᠵᠤ᠂ ᠬᠢᠯᠭᠤ ᠮᠥᠷᠡᠨ ᠦ᠌ ᠡᠷᠭᠢ ᠪᠡᠷ ᠮᠠᠯ ᠪᠡᠯᠴᠢᠭᠡᠷᠯᠡᠵᠦ ᠡᠨᠳᠡ ᠥᠴᠥᠭᠡᠳᠦᠷ ᠲᠡᠢᠨ ᠳᠣᠯᠣᠭᠠᠨ ᠪᠣᠯᠤᠭ᠎ᠠ ᠦᠭᠡᠢ ᠮᠡᠲᠦ ᠠᠮᠤᠭᠤᠯᠠᠩ ᠪᠠᠢᠯ᠎ᠠ᠃ ᠨᠡᠭᠦᠳᠡᠯᠴᠢᠨ ᠠᠢᠮᠠᠭ ᠤ᠋ᠨ ᠠᠮᠢᠳᠤᠷᠠᠯ ᠳ᠋ᠤ᠌ ᠲᠡᠢᠨ ᠳᠣᠯᠣᠭᠠᠨ ᠭᠠᠷᠬᠤ ᠨᠢ ᠶᠠᠭ ᠡᠨᠡ ᠨᠠᠷᠠ ᠮᠠᠨᠳᠤᠬᠤ ᠰᠢᠭ᠋ ᠂ᠮᠠᠯ ᠪᠡᠯᠴᠢᠬᠦ ᠰᠢᠭ ᠵᠢᠷ ᠦ᠋ᠨ ᠶᠠᠪᠤᠳᠠᠯ ᠪᠢᠯᠡ᠃
— ᠮᠣᠷᠢᠳ ᠪᠡᠯᠡᠨ ᠤᠤ? ᠭᠡᠵᠦ ᠬᠢᠯᠭᠤ ᠮᠥᠷᠡᠨ ᠦ᠌ ᠵᠦᠭ ᠰᠢᠷᠳᠡᠨ ᠪᠣᠳᠣᠯ ᠪᠣᠯᠤᠨ ᠵᠣᠭᠰᠣᠭᠰᠠᠨ ᠲᠡᠮᠦᠵᠢᠨ ᠵᠠᠯᠮ᠎ᠠ ᠶ᠋ᠢ ᠳᠡᠷᠭᠡᠳᠡ ᠪᠡᠨ ᠢᠷᠡᠬᠦ ᠳ᠋ᠦ᠍ ᠰᠢᠭᠤᠳ ᠠᠰᠠᠭᠤᠪᠠ᠃
— ᠰᠠᠢᠬᠠᠨ ᠠᠮᠠᠷᠠᠵᠤ᠂ ᠬᠠᠭᠰᠠᠷᠠᠭᠠᠳ ᠬᠠᠮᠢᠭ᠎ᠠ ᠴᠤ᠌ ᠬᠦᠷᠬᠦ ᠳ᠋ᠦ᠍ ᠪᠡᠯᠡᠨ ᠪᠣᠯᠵᠠᠢ ᠭᠡᠵᠦ ᠵᠡᠯᠮ᠎ᠡ ᠬᠡᠯᠡᠬᠦ ᠳ᠋ᠡᠭᠡᠨ ᠲᠡᠢᠨ ᠦ᠌ ᠣᠯᠵᠠᠨ ᠳ᠋ᠠᠭᠠᠨ ᠨᠡᠩ ᠢᠯᠠᠩᠭᠤᠶ᠎ᠠ ᠮᠡᠷᠭᠢᠳ ᠦ᠋ᠨ ᠵᠢᠰᠦ ᠭᠤᠸ᠎ᠠ ᠥᠬᠢᠨ ᠢ᠋ ᠲᠣᠭᠣᠷᠢᠯ ᠳ᠋ᠤ᠌ ᠠᠯᠳᠠᠭᠰᠠᠨ ᠳ᠋ᠠᠭᠠᠨ ᠣᠳᠣ ᠪᠣᠯᠲᠠᠯ᠎ᠠ ᠬᠠᠷᠠᠮᠰᠠᠭᠰᠠᠭᠠᠷ ᠪᠠᠢᠭ᠎ᠠ ᠨᠢ ᠢᠯᠡᠳᠲᠡ ᠮᠡᠳᠡᠭᠳᠡᠵᠦ ᠪᠠᠢᠪᠠ᠃ ᠵᠠᠯᠮ᠎ᠠ ᠲᠡᠷᠡ ᠣᠯᠵᠠᠨ ᠤ᠋ ᠥᠬᠢᠨ ᠢ᠋ ᠥᠪᠡᠷ ᠲᠦ᠍ ᠪᠡᠨ ᠠᠪᠬᠤ ᠪᠠᠷ ᠪᠤᠭᠤᠷᠴᠢ ᠲᠠᠢ ᠲᠣᠬᠢᠷᠠᠭᠠᠳ ᠪᠠᠢᠭᠰᠠᠨ ᠲᠤᠯᠠ《 ᠳᠠᠩᠴᠤ ᠬᠥᠭᠡᠷᠦᠬᠦᠨ ᠥᠬᠢᠳ ᠪᠠᠢᠭᠰᠠᠨ ᠳᠠ》 ᠭᠡᠵᠦ ᠬᠠᠷᠠᠮᠰᠠᠨ ᠪᠣᠳᠣᠵᠠᠢ᠃ ᠣᠯᠵᠠᠨ ᠡᠴᠡ ᠲᠠᠲᠠᠭᠠᠯᠵᠠᠵᠤ ᠣᠯᠠᠨ ᠦᠭᠡ ᠬᠡᠯᠡᠭᠰᠡᠨ ᠲᠡᠮᠦᠵᠢᠨ ᠳ᠋ᠦ᠍ ᠬᠣᠷᠣᠰᠤᠭᠰᠠᠨ ᠲᠤᠭᠤᠷᠢᠯ ᠬᠥᠮᠦᠨ ᠮᠠᠯ ᠪᠦᠭᠦᠳᠡ ᠶ᠋ᠢ ᠬᠠᠮᠤᠵᠤ ᠣᠳᠤᠭᠰᠠᠨ ᠪᠢᠯᠡ᠃ ᠠᠮᠠ ᠶᠡᠬᠡᠲᠦ ᠠᠩᠭᠠᠢᠬᠤ ᠳ᠋ᠤ᠌ ᠪᠤᠶᠠᠨ ᠶᠡᠬᠡᠲᠦ ᠪᠤᠯᠢᠶᠠᠨ᠎ᠠ ᠭᠡᠳᠡᠭ ᠪᠣᠯᠵᠠᠢ᠃
— ᠲᠡᠭᠡᠪᠡᠯ ᠮᠣᠷᠳᠠᠬᠤ ᠳ᠋ᠤ᠌ ᠪᠡᠯᠡᠳ! ᠭᠡᠵᠦ ᠲᠡᠮᠦᠵᠢᠨ ᠢ᠋ ᠬᠡᠯᠡᠬᠦ ᠳ᠋ᠦ᠍ ᠵᠠᠯᠮ᠎ᠠ ᠬᠠᠷᠢᠭᠤ ᠬᠡᠯᠡᠭᠰᠡᠨ ᠦᠭᠡᠢ ᠬᠣᠯᠠ ᠦᠭᠡᠢ ᠠᠷᠭᠠᠮᠵᠢᠵᠤ ᠬᠣᠨᠣᠭᠰᠠᠨ ᠮᠣᠷᠢᠳ ᠤᠷᠤᠭᠤ ᠪᠠᠨ ᠭᠦᠶᠦᠯ᠎ᠡ᠃ ᠵᠠᠯᠮ᠎ᠠ ᠶ᠋ᠢᠨ ᠢᠩᠭᠢᠵᠦ ᠳᠠᠭᠤ ᠦᠭᠡᠢ ᠶᠠᠪᠤᠬᠤ ᠨᠢ ᠠᠭᠤᠷᠯᠠᠭᠰᠠᠨ ᠤ᠋ ᠬᠢ ᠶᠤᠮ᠃ ᠵᠠᠯᠮ᠎ᠠ ᠶ᠋ᠢ ᠬᠠᠷᠠᠭᠰᠠᠨ ᠪᠡᠯᠭᠦᠳᠡᠢ ᠬᠠᠰᠠᠷ ᠬᠣᠶᠠᠷ ᠡᠮᠡᠭᠡᠯ ᠬᠠᠵᠠᠭᠠᠷ ᠢ᠋ᠶ᠋ᠠᠨ ᠠᠪᠴᠢᠷᠠᠬᠤ ᠪᠠᠷ ᠬᠣᠨᠣᠭᠰᠠᠨ ᠭᠡᠷ ᠦ᠋ᠨ ᠵᠦᠭ ᠶᠠᠪᠤᠪᠠ᠃ ᠲᠡᠮᠦᠵᠢᠨ ᠦ᠌ ᠳᠡᠷᠭᠡᠳᠡ ᠲᠠᠢᠪᠤᠩ ᠬᠡᠨᠡᠭ ᠦᠭᠡᠢ ᠪᠤᠭᠤᠷᠴᠢ ᠬᠦᠷᠴᠦ ᠢᠷᠡᠪᠡ᠃
— ᠪᠤᠭᠤᠷᠴᠢ᠂ᠴᠢ ᠪᠥᠷᠲᠡ ᠶ᠋ᠢ ᠠᠪᠴᠤ ᠪᠤᠴᠠ᠃ ᠬᠠᠰᠠᠷ ᠪᠢᠳᠡ ᠬᠡᠳᠦ ᠲᠣᠭᠣᠷᠢᠯ ᠵᠠᠮᠤᠬ᠎ᠠ ᠬᠣᠶᠠᠷ ᠢ᠋ ᠡᠨᠳᠡ ᠡᠴᠡ ᠬᠥᠳᠡᠯᠲᠡᠯ᠎ᠡ ᠴᠣᠭ ᠪᠠᠢᠬᠤ ᠬᠡᠷᠡᠭᠲᠡᠢ ᠪᠢᠵᠡ᠃
— ᠵᠠ᠂ ᠪᠢ ᠶᠠᠪᠤᠶ᠎ᠠ ᠭᠡᠬᠦ ᠡᠴᠡ ᠥᠭᠡᠷ᠎ᠡ ᠦᠭᠡ ᠪᠤᠭᠤᠷᠴᠢ ᠳᠤᠤᠭᠠᠷᠤᠭᠰᠠᠨ ᠦᠭᠡᠢ᠃
— ᠪᠤᠭᠤᠷᠴᠢ᠂ᠴᠢ ᠴᠤ᠌ ᠭᠡᠰᠡᠨ ᠣᠯᠵᠠᠨ ᠳ᠋ᠠᠭᠠᠨ ᠬᠠᠷᠠᠮᠰᠠᠭᠰᠠᠭᠠᠷ ᠪᠠᠢᠨ᠎ᠠ ᠤᠤ? ᠭᠡᠬᠦ ᠳ᠋ᠦ᠍᠂ ᠲᠡᠷᠡ ᠳᠠᠭᠤ ᠦᠭᠡᠢ ᠲᠣᠯᠣᠭᠠᠢ ᠰᠡᠭᠰᠦᠷᠪᠡ ᠃ ᠲᠡᠳᠡ ᠬᠡᠰᠡᠭ ᠵᠠᠭᠤᠷ᠎ᠠ ᠴᠢᠮᠡᠭᠡ ᠦᠭᠡᠢ ᠵᠣᠭᠰᠣᠵᠠᠭᠠᠪᠠ ᠃
— ᠴᠢ ᠵᠠᠮᠤᠬ᠎ᠠ ᠠᠨᠳᠠ ᠶ᠋ᠢᠨ ᠢ᠋ᠶ᠋ᠡᠨ ᠪᠡᠯᠡᠭ ᠡᠴᠡ ᠳᠡᠮᠡᠢ ᠲᠠᠲᠠᠭᠠᠯᠵᠠᠭᠰᠠᠨ ᠶᠤᠮ ᠭᠡᠵᠦ ᠪᠤᠭᠤᠷᠴᠢ ᠰᠢᠪᠡᠨᠡᠪᠡ ᠃ ᠪᠤᠭᠤᠷᠴᠢ ᠦᠨᠡᠨ ᠳ᠋ᠡᠭᠡᠨ ᠮᠠᠰᠢ ᠶᠡᠬᠡ ᠬᠠᠷᠠᠮᠰᠠᠵᠤ ᠪᠠᠢᠭᠰᠠᠨ ᠪᠢᠯᠡ ᠃
ᠲᠡᠮᠦᠵᠢᠨ ᠭᠡᠨᠡᠳᠲᠡ ᠪᠤᠭᠤᠷᠴᠢ ᠳ᠋ᠤ᠌ ᠣᠢᠷᠠᠲᠤᠨ ᠨᠢᠭᠤᠷ ᠲᠤᠨᠢ ᠲᠤᠯᠤᠨ ᠵᠣᠭᠰᠣᠵᠤ ᠨᠢᠳᠦ ᠤᠷᠤᠭᠤ ᠨᠢ ᠡᠭᠴᠡ ᠰᠢᠷᠲᠡᠪᠡ ᠃
— ᠶᠠᠭᠠᠬᠢᠪᠠ ᠴᠢ? ᠭᠡᠵᠦ ᠪᠤᠭᠤᠷᠴᠢ ᠲᠦᠭᠰᠢᠨ ᠰᠢᠪᠡᠨᠡᠭᠡᠳ ᠡᠷᠭᠢᠨ ᠲᠣᠭᠣᠷᠢᠨ ᠢ᠋ᠶ᠋ᠠᠨ ᠬᠠᠷᠠᠵᠤ ᠬᠣᠢᠰᠢ ᠠᠯᠬᠤᠮ ᠤᠬᠤᠷᠢᠪᠠ ᠃ ᠲᠡᠮᠦᠵᠢᠨ ᠦ᠌ ᠨᠢᠳᠦ ᠢᠩᠭᠢᠵᠦ ᠠᠶᠤᠮᠰᠢᠭᠲᠠᠢ ᠪᠠᠷ ᠭᠢᠯᠠᠯᠵᠠᠵᠤ ᠪᠠᠢᠬᠤ ᠶ᠋ᠢ ᠤᠷᠢᠳ ᠨᠢ ᠦᠵᠡᠭᠰᠡᠨ ᠦᠭᠡᠢ ᠲᠤᠯᠠ ᠰᠣᠴᠢᠵᠠᠢ ᠃ ᠲᠡᠮᠦᠵᠢᠨ ᠤᠷᠤᠭᠰᠢ ᠠᠯᠬᠤᠵᠤ ᠳᠠᠬᠢᠨ ᠨᠢᠭᠤᠷ ᠲᠤᠯᠤᠨ ᠵᠣᠭᠰᠣᠭᠠᠳ
— ᠪᠢ ᠴᠢᠮ᠎ᠠ ᠳ᠋ᠤ᠌ ᠡᠷᠭᠦᠭᠰᠡᠨ ᠲᠠᠩᠭᠠᠷᠢᠭ ᠢ᠋ ᠴᠢᠨᠢ ᠰᠠᠨᠠᠭᠤᠯᠵᠤ ᠨᠢᠭᠡ ᠵᠠᠷᠯᠢᠭ ᠪᠠᠭᠤᠯᠭᠠᠶ᠎ᠠ ᠭᠡᠵᠦ ᠰᠢᠪᠡᠨᠡᠬᠦ ᠳ᠋ᠦ᠍ᠨᠢ ᠪᠤᠭᠤᠷᠴᠢ ᠰᠠᠶᠢ ᠲᠠᠢᠪᠤᠰᠢᠷᠠᠨ ᠢᠨᠢᠶᠡᠮᠰᠦᠭᠯᠡᠪᠡ ᠃ ᠡᠨᠡ ᠤᠳᠠᠭ᠎ᠠ ᠳ᠋ᠤ᠌ ᠲᠡᠷᠡ《 ᠵᠠᠷᠯᠢᠭ ᠪᠠᠭᠤᠯᠭᠠᠶ᠎ᠠ 》ᠭᠡᠬᠦ ᠶ᠋ᠢ ᠰᠣᠨᠣᠰᠤᠭᠠᠳ ᠳᠣᠲᠣᠷ᠎ᠠ ᠪᠠᠨ ᠢᠨᠢᠶᠡᠳᠦ ᠨᠢ ᠬᠦᠷᠦᠭᠰᠡᠨ ᠴᠦ᠍ ᠲᠡᠷᠡ ᠳᠣᠣᠷ᠎ᠠ ᠪᠠᠨ ᠪᠡᠶ᠎ᠡ ᠪᠡᠨ ᠪᠠᠷᠢᠨ ᠲᠥᠪ ᠴᠢᠷᠠᠢᠯᠠᠵᠤ᠂
— ᠪᠢ ᠰᠣᠨᠣᠰᠴᠤ ᠪᠠᠢᠨ᠎ᠠ ᠃ ᠲᠡᠮᠦᠵᠢᠨ ᠭᠡᠵᠦ ᠬᠥᠮᠥᠰᠬᠡ ᠪᠡᠨ ᠵᠠᠩᠭᠢᠳᠪᠠ ᠃ ᠲᠡᠷᠡ ᠳᠣᠣᠷ᠎ᠠ ᠪᠠᠨ ᠵᠠᠯᠭᠠᠨ᠂
— ᠪᠢ ᠴᠢᠨᠦ ᠵᠠᠷᠯᠢᠭ ᠢ᠋ ᠰᠣᠨᠣᠰᠤᠶ᠎ᠠ ᠭᠡᠵᠦ ᠬᠡᠯᠡᠬᠦ ᠳ᠋ᠡᠭᠡᠨ ᠬᠠᠷᠢᠨ ᠴᠤ᠌ ᠪᠠᠬᠠᠳᠤᠬᠤ ᠰᠡᠳᠬᠢᠯ ᠳᠦᠭᠦᠷᠡᠩ ᠣᠷᠭᠢᠯᠬᠤ ᠶ᠋ᠢ ᠪᠤᠭᠤᠷᠴᠢ ᠮᠡᠳᠡᠷᠡᠯ᠎ᠡ᠃ ᠢᠲᠡᠭᠡᠯᠲᠦ ᠨᠥᠬᠥᠷ ᠦ᠋ᠨ ᠢ᠋ᠶ᠋ᠡᠨ ᠵᠠᠷᠯᠢᠭ ᠢ᠋ ᠰᠣᠨᠣᠰᠴᠤ ᠪᠠᠰᠠ ᠪᠡᠶᠡᠯᠡᠭᠦᠯᠦᠨ᠎ᠡ ᠭᠡᠳᠡᠭ ᠴᠣᠬᠣᠮ ᠶᠠᠮᠠᠷ ᠪᠠᠬᠠᠳᠤᠯᠲᠤ ᠬᠡᠷᠡᠭ ᠪᠣᠯᠬᠤ ᠶ᠋ᠢ ᠲᠡᠷᠡ ᠢᠩᠭᠢᠵᠦ ᠠᠩᠬ᠎ᠠ ᠤᠳᠠᠭ᠎ᠠ ᠮᠡᠳᠡᠷᠡᠵᠦ ᠲᠤᠢᠯ ᠦᠭᠡᠢ ᠪᠡᠶᠡᠰᠦᠨ ᠳᠣᠭᠳᠣᠯᠪᠠ ᠃ ᠮᠡᠷᠭᠢᠳ ᠢ᠋ ᠰᠥᠨᠥᠭᠡᠵᠦ ᠪᠥᠷᠲᠡ ᠶ᠋ᠢ ᠪᠤᠯᠢᠶᠠᠨ ᠠᠪᠤᠭᠰᠠᠨ ᠨᠢ ᠲᠡᠮᠦᠵᠢᠨ ᠢ᠋ ᠪᠢᠰᠢᠷᠡᠬᠦ ᠪᠤᠭᠤᠷᠴᠢ ᠶ᠋ᠢᠨ ᠰᠡᠳᠬᠢᠯ ᠢ᠋ ᠬᠦᠴᠦᠲᠡᠢ ᠪᠣᠯᠭᠠᠬᠤ ᠠᠵᠢ᠃ ᠲᠠᠬᠢᠷ ᠰᠡᠯᠡᠮ᠎ᠡ ᠪᠡᠨ ᠪᠠᠲᠤ ᠠᠳᠬᠤᠭᠠᠳ ᠴᠢᠰᠤ ᠦᠰᠦᠴᠢᠭᠦᠯᠦᠨ ᠴᠠᠪᠴᠢᠯᠳᠤᠨ ᠲᠤᠯᠤᠯᠳᠤᠵᠤ ᠶᠠᠪᠤᠭᠰᠠᠨ ᠲᠡᠮᠦᠵᠢᠨ ᠢ᠋ ᠬᠠᠷᠠᠭᠠᠳ ᠪᠠᠬᠠᠷᠬᠠᠬᠤ ᠦᠭᠡᠢ ᠪᠠᠢᠬᠤ ᠶ᠋ᠢᠨ ᠠᠷᠭ᠎ᠠ ᠦᠭᠡᠢ ᠪᠠᠢᠭᠰᠠᠨ ᠪᠢᠯᠡ ᠃
— ᠴᠢ ᠪᠥᠷᠲᠡ ᠶ᠋ᠢ ᠠᠪᠴᠤ ᠨᠤᠲᠤᠭ ᠤ᠋ᠨ ᠵᠦᠭ ᠮᠣᠷᠢᠨ ᠤ᠋ ᠠᠮᠠ ᠶ᠋ᠢ ᠲᠠᠲᠠᠯ ᠦᠭᠡᠢ ᠳᠠᠪᠬᠢ᠃
ᠲᠡᠮᠦᠵᠢᠨ ᠦ᠌ ᠡᠨᠡ ᠦᠭᠡᠨ ᠦ᠌ ᠴᠠᠭᠠᠳᠤ ᠤᠴᠢᠷ ᠢ᠋ ᠪᠤᠭᠤᠷᠴᠢ ᠬᠣᠷᠣᠮ ᠤ᠋ᠨ ᠳᠣᠲᠣᠷ᠎ᠠ ᠣᠢᠯᠠᠭᠠᠵᠤ ᠲᠦᠭᠰᠢᠯᠡ ᠃ ᠭᠡᠪᠡᠴᠦ ᠲᠡᠮᠦᠵᠢᠨ ᠲᠡᠭᠦᠨ ᠳ᠋ᠦ᠍ ᠠᠮᠠ ᠨᠡᠭᠡᠭᠡᠨ ᠡᠰᠡᠷᠭᠦᠴᠡᠬᠦ ᠵᠠᠪ ᠦᠭᠭᠦᠭᠰᠡᠨ ᠦᠭᠡᠢ ᠃ ᠣᠳᠣ ᠲᠡᠷᠡ ᠬᠣᠶᠠᠷ ᠤ᠋ᠨ ᠬᠠᠮᠠᠷ ᠤ᠋ᠨ ᠦᠵᠦᠭᠦᠷ ᠪᠠᠷᠤᠭ ᠲᠤᠯᠵᠤ ᠪᠠᠢᠪᠠ ᠃ ᠭᠣᠣᠯ ᠤ᠋ᠨ ᠡᠷᠭᠢ ᠶ᠋ᠢᠨ ᠭᠠᠭᠴᠠ ᠮᠣᠳᠣᠨ ᠤ᠋ ᠳᠡᠭᠡᠷ᠎ᠡ ᠰᠠᠭᠤᠭᠰᠠᠨ ᠬᠡᠷᠢᠶ᠎ᠡ ᠤᠴᠢᠷ ᠵᠦᠭ ᠦᠭᠡᠢ ᠭᠤᠸᠬᠠᠯᠠᠵᠣ ᠡᠬᠢᠯᠡᠪᠡ ᠃ ᠲᠡᠷᠡ ᠬᠣᠶᠠᠷ ᠡᠭᠦᠨ ᠢ᠋ ᠠᠩᠵᠠᠭᠠᠷᠠᠵᠤ ᠰᠣᠨᠣᠰᠤᠭᠰᠠᠨ ᠦᠭᠡᠢ ᠃ ᠬᠠᠷᠢᠨ ᠣᠢᠷ᠎ᠠ ᠶᠠᠪᠤᠭᠰᠠᠨ ᠪᠡᠯᠭᠦᠳᠡᠢ ᠴᠢᠯᠠᠭᠤ ᠰᠢᠲᠠᠵᠤ ᠲᠡᠷᠡ ᠮᠠᠭᠤ ᠢᠷᠣ᠎ᠠ ᠶ᠋ᠢᠨ ᠬᠡᠷᠢᠶ᠎ᠡ ᠶ᠋ᠢ ᠬᠥᠭᠡᠭᠡᠵᠦ ᠶᠠᠪᠤᠭᠤᠯᠵᠠᠢ ᠃
— ᠲᠡᠷᠡ ᠬᠡᠦᠬᠡᠳ ᠬᠥᠮᠦᠨ ᠪᠣᠯᠬᠤ ᠶᠣᠰᠣ ᠦᠭᠡᠢ ᠃ ᠪᠥᠷᠲᠡ ᠣᠷᠢᠯᠠᠵᠤ ᠤᠬᠢᠯᠠᠭᠰᠠᠨ ᠴᠤ᠌ ᠪᠤᠤ ᠵᠣᠭᠰᠣ ᠭᠡᠵᠦ ᠲᠡᠮᠦᠵᠢᠨ ᠡᠷᠡᠰ ᠱᠠᠭᠠᠷᠳᠠᠪᠠ ᠃
— ᠲᠥᠷᠥᠬᠦ ᠪᠣᠯᠪᠠᠯ ᠶᠠᠭᠠᠬᠢᠬᠤ ᠶᠤᠮ ᠪᠣᠢ?
— ᠴᠢ ᠬᠡᠦᠬᠡᠳ ᠢ᠋ ᠨᠢ ᠵᠠᠮ ᠤ᠋ᠨ ᠬᠠᠵᠠᠭᠤ ᠤᠷᠤᠭᠤ ᠰᠢᠳᠡᠵᠦ ᠣᠷᠭᠢ᠃
— ᠬᠡᠦᠬᠡᠳ ᠢ᠋ ᠠᠯᠠᠬᠤ ᠭᠡᠵᠦ ᠤᠤ? ᠪᠤᠭᠤᠷᠴᠢ ᠢᠲᠡᠭᠡᠯ ᠮᠠᠭᠤᠲᠠᠢ ᠡᠰᠡᠷᠭᠦᠴᠡᠪᠡ᠃
— ᠲᠡᠷᠡ ᠬᠡᠦᠬᠡᠳ ᠠᠮᠢᠳᠤ ᠦᠯᠡᠳᠡᠬᠦ ᠶᠣᠰᠣ ᠦᠭᠡᠢ ᠭᠡᠵᠦ ᠪᠢ ᠴᠢᠮᠠᠲᠤ ᠬᠡᠯᠡᠵᠦ ᠪᠠᠢᠨ᠎ᠠ ᠪᠢᠰᠢ ᠤᠤ?
— ᠡᠴᠦᠰ ᠲᠤᠨᠢ ᠬᠡᠦᠬᠡᠳ ᠢ᠋ ᠨᠢ ᠠᠯᠠᠭᠰᠠᠨ ᠨᠠᠮᠠᠶ᠋ᠢ ᠪᠥᠷᠲᠡ ᠨᠢᠭᠡ ᠨᠢᠳᠦ ᠪᠡᠷ ᠦᠵᠡᠬᠦ ᠦᠭᠡᠢ ᠪᠢᠵᠡ᠃
— ᠴᠢ ᠲᠠᠩᠭᠠᠷᠢᠭ ᠢ᠋ᠶ᠋ᠠᠨ ᠰᠠᠨᠠ᠃ ᠪᠢ ᠴᠢᠮ᠎ᠠ ᠡᠴᠡ ᠥᠭᠡᠷ᠎ᠡ ᠬᠡᠨ ᠳ᠋ᠦ᠍ ᠬᠡᠯᠡᠨ᠎ᠡ᠃ ᠴᠢᠮ᠎ᠠ ᠡᠴᠡ ᠥᠭᠡᠷ᠎ᠡ ᠬᠡᠨ ᠡᠭᠦᠨ ᠢ᠋ ᠬᠢᠨ᠎ᠡ ᠭᠡᠵᠦ ᠲᠡᠮᠦᠵᠢᠨ ᠥᠪᠡᠷ ᠦ᠋ᠨ ᠡᠨᠡ ᠠᠶᠤᠯᠲᠤ ᠰᠠᠨᠠᠭ᠎ᠠ ᠪᠠᠨ ᠲᠩᠷᠢ ᠡᠴᠡ ᠨᠢᠭᠤᠬᠤ ᠭᠡᠰᠡᠨ ᠮᠡᠲᠦ ᠰᠢᠪᠡᠨᠡᠪᠡ᠃ ᠲᠡᠢᠮᠦ ᠠ᠋᠃ ᠪᠤᠭᠤᠷᠴᠢ ᠲᠠᠩᠭᠠᠷᠢᠭ ᠢ᠋ᠶ᠋ᠠᠨ ᠶᠠᠭᠠᠬᠢᠵᠤ ᠮᠠᠷᠲᠠᠬᠤ ᠪᠢᠯᠡ᠃ ᠬᠠᠷᠢᠨ ᠠᠨᠳᠠ ᠶ᠋ᠢᠨ ᠲᠠᠩᠭᠠᠷᠢᠭ ᠲᠠᠯᠪᠢᠭᠰᠠᠨ ᠨᠢ ᠡᠴᠦᠰ ᠲᠡᠭᠡᠨ ᠡᠢᠮᠦ ᠬᠡᠷᠡᠭ ᠦᠢᠯᠡᠳᠬᠦ ᠳ᠋ᠦ᠍ ᠬᠦᠷᠭᠡᠨ᠎ᠡ ᠭᠡᠵᠦ ᠲᠡᠷᠡ ᠳᠠᠩᠴᠤ ᠰᠠᠨᠠᠭᠰᠠᠨ ᠦᠭᠡᠢ᠃ ᠭᠡᠪᠡᠴᠦ ᠪᠣᠭᠤᠷᠴᠢ ᠬᠥᠭᠡᠷᠦᠬᠦᠢ ᠪᠥᠷᠲᠡ ᠶ᠋ᠢ ᠦᠷᠦ ᠡᠪᠡᠳᠦᠭᠰᠡᠨ ᠴᠤ᠌ ᠲᠡᠮᠦᠵᠢᠨ ᠢ᠋ ᠦᠵᠡᠨ ᠶᠠᠳᠠᠭᠰᠠᠨ ᠦᠭᠡᠢ᠃
ᠪᠥᠷᠲᠡ ᠶ᠋ᠢ ᠪᠤᠴᠠᠭᠠᠵᠤ ᠪᠤᠯᠢᠶᠠᠨ ᠠᠪᠤᠭᠰᠠᠨ ᠴᠤ᠌ ᠲᠡᠮᠦᠵᠢᠨ ᠴᠢᠯᠭᠡᠷ ᠪᠥᠬᠡ ᠶ᠋ᠢᠨ ᠦᠷ᠎ᠡ ᠶ᠋ᠢ ᠠᠯᠠᠬᠤ ᠪᠠᠷ ᠨᠢᠭᠡᠨᠲᠡ ᠰᠢᠢᠳᠦᠭᠰᠡᠨ ᠢ᠋ ᠪᠣᠭᠤᠷᠴᠢ ᠮᠡᠳᠡᠭᠰᠡᠨ ᠪᠣᠯᠪᠠᠴᠤ ᠶᠠᠭᠠᠬᠢᠬᠤ ᠴᠤ᠌ ᠠᠷᠭ᠎ᠠ ᠦᠭᠡᠢ ᠲᠤᠯᠠ ᠳᠠᠭᠤ ᠦᠭᠡᠢ ᠲᠣᠯᠣᠭᠠᠢ ᠳᠣᠬᠢᠪᠠ᠃
ᠪᠠᠰᠠ ᠪᠥᠷᠲᠡ ᠶ᠋ᠢᠨ ᠬᠡᠪᠡᠯᠢ ᠳ᠋ᠦ᠍ ᠪᠠᠢᠭ᠎ᠠ ᠲᠡᠷᠡ ᠬᠡᠦᠬᠡᠳ ᠢ᠋ ᠠᠯᠠᠬᠤ ᠨᠢ ᠭᠠᠷᠴᠠᠭ᠎ᠠ ᠦᠭᠡᠢ ᠵᠥᠪ ᠭᠡᠵᠦ ᠪᠣᠳᠣᠵᠠᠢ᠃ ᠡᠨᠡ ᠦᠶ᠎ᠡ ᠳ᠋ᠦ᠍《 ᠨᠠᠳᠠᠳᠤ ᠢᠷᠡᠭᠰᠡᠨ》 ᠭᠡᠵᠦ ᠪᠥᠷᠲᠡ ᠶ᠋ᠢᠨ ᠦᠭᠡ ᠲᠡᠮᠦᠵᠢᠨ ᠦ᠌ ᠴᠢᠬᠢᠨ ᠳ᠋ᠦ᠍ ᠴᠢᠬᠢᠷ᠎ᠡ ᠪᠣᠯᠤᠨ ᠰᠡᠳᠬᠢᠯ ᠳᠣᠲᠣᠷ᠎ᠠ ᠨᠢ ᠬᠠᠩᠭᠢᠨᠠᠬᠤ ᠪᠠᠨ ᠠᠯᠢ ᠬᠡᠳᠦᠢᠨ ᠪᠣᠯᠢᠭᠰᠠᠨ ᠪᠠᠢᠯ᠎ᠠ᠃
— ᠵᠠ ᠪᠢ ᠲᠡᠷᠡ ᠬᠡᠦᠬᠡᠳ ᠢ᠋ ᠠᠮᠢᠳᠤ ᠲᠥᠷᠥᠪᠡᠯ ᠬᠠᠶᠠᠵᠤ ᠤᠷᠭᠢᠶ᠎ᠠ᠃ ᠬᠠᠷᠢᠨ ᠪᠥᠷᠲᠡ ᠵᠠᠮ ᠳ᠋ᠠᠭᠠᠨ ᠲᠥᠷᠥᠬᠦ ᠦᠭᠡᠢ ᠪᠣᠯ ᠭᠡᠷ ᠲᠦ᠍ ᠣᠴᠢᠭᠰᠠᠨ ᠬᠣᠢᠨ᠎ᠠ ᠪᠠᠨ ᠴᠢ ᠲᠡᠷᠡ ᠬᠡᠦᠬᠡᠳ ᠢ᠋ ᠥᠪᠡᠷ ᠢ᠋ᠶ᠋ᠡᠨ ᠠᠯᠠᠭᠠᠷᠠᠢ ᠭᠡᠵᠦ ᠪᠣᠭᠤᠷᠴᠢ ᠰᠢᠪᠡᠨᠡᠭᠡᠳ ᠮᠠᠭᠤᠬᠠᠨ ᠢᠨᠢᠶᠡᠪᠡ᠃ ᠪᠦᠬᠦ ᠵᠦᠢᠯ ᠲᠡᠮᠦᠵᠢᠨ ᠦ᠌ ᠰᠠᠨᠠᠭᠰᠠᠨ ᠢ᠋ᠶ᠋ᠠᠷ ᠪᠣᠯᠵᠤ ᠲᠠᠢᠪᠤᠰᠢᠷᠠᠵᠤ ᠰᠠᠳᠠᠭᠠᠷᠠᠭᠰᠠᠨ ᠪᠥᠷᠲᠡ ᠶᠠᠪᠤᠬᠤ ᠳ᠋ᠤ᠌ ᠪᠡᠯᠡᠨ ᠪᠣᠯᠵᠠᠢ᠃ ᠲᠡᠮᠦᠵᠢᠨ ᠦ᠌ ᠬᠡᠯᠡᠭᠰᠡᠨ ᠦᠭᠡ ᠪᠣᠯᠭᠠᠨ ᠳ᠋ᠤ᠌ ᠪᠥᠷᠲᠡ ᠢᠲᠡᠭᠡᠵᠦ᠂ ᠪᠠᠰᠠ ᠲᠡᠭᠦᠨ ᠢ᠋ ᠡᠷᠬᠡ ᠦᠭᠡᠢ ᠦᠷᠦ ᠡᠪᠡᠳᠴᠦ ᠪᠠᠢᠯ᠎ᠠ᠃
ᠪᠥᠷᠲᠡ ᠠᠩᠬ᠎ᠠ ᠲᠡᠮᠦᠵᠢᠨ ᠢ᠋ ᠦᠵᠡᠭᠡᠳ ᠦᠷᠦ ᠡᠪᠡᠳᠴᠦ᠂ ᠰᠡᠭᠦᠯ ᠳ᠋ᠦ᠍ᠨᠢ ᠬᠠᠢᠷᠠᠯᠠᠵᠤ᠂ ᠡᠴᠦᠰ ᠲᠤᠨᠢ ᠳᠤᠷᠠᠯᠠᠭᠰᠠᠨ ᠶᠤᠮ᠃ ᠠᠷᠪᠠᠨ ᠵᠢᠯ ᠦ᠋ᠨ ᠡᠮᠦᠨ᠎ᠡ ᠶᠢᠰᠦᠨ ᠨᠠᠰᠤᠲᠠᠢ ᠲᠡᠮᠦᠵᠢᠨ ᠳ᠋ᠠᠢ ᠰᠡᠴᠡᠨ ᠦ᠌ ᠭᠡᠷ ᠦ᠋ᠨ ᠭᠠᠳᠠᠨ᠎ᠠ ᠡᠴᠢᠭᠡ ᠳ᠋ᠡᠭᠡᠨ ᠣᠷᠬᠢᠭᠳᠠᠨ ᠬᠣᠴᠣᠷᠬᠤ ᠳ᠋ᠠᠭᠠᠨ ᠬᠥᠮᠦᠨ ᠡᠴᠡ ᠨᠢᠭᠤᠨ ᠨᠢᠯᠪᠤᠰᠤ ᠪᠠᠨ ᠠᠷᠴᠢᠬᠤ ᠶ᠋ᠢ ᠦᠵᠡᠭᠡᠳ ᠠᠩᠬ᠎ᠠ ᠪᠥᠷᠲᠡ ᠲᠡᠭᠦᠨ ᠢ᠋ ᠭᠣᠣᠯ ᠢ᠋ᠶ᠋ᠠᠨ ᠲᠠᠰᠤᠷᠠᠲᠠᠯ᠎ᠠ ᠦᠷᠦ ᠡᠪᠡᠳᠦᠭᠰᠡᠨ ᠪᠢᠯᠡ᠃ ᠦᠭᠡ ᠳᠠᠭᠤ ᠴᠥᠭᠡᠨ ᠲᠡᠢ᠂ ᠠᠶᠤᠭᠰᠠᠨ ᠮᠡᠲᠦ ᠬᠠᠷᠠᠴᠠ ᠪᠠᠨ ᠨᠢᠭᠤᠵᠤ ᠶᠠᠪᠤᠳᠠᠭ ᠲᠡᠷᠡ ᠬᠥᠪᠡᠭᠦᠨ ᠡᠬᠢᠯᠡᠭᠡᠳ ᠪᠥᠷᠲᠡ ᠳ᠋ᠦ᠍ ᠣᠭᠲᠣᠬᠠᠨ ᠴᠤ᠌ ᠲᠠᠭᠠᠯᠠᠭᠳᠠᠭ᠎ᠠ ᠦᠭᠡᠢ ᠶᠤᠮ᠃ ᠭᠡᠲᠡᠯ᠎ᠡ ᠲᠡᠷᠡ ᠪᠠᠯᠴᠢᠷ ᠠᠭᠠᠳ ᠳᠣᠷᠣᠢ ᠪᠠᠭᠤᠷᠠᠢ ᠲᠥᠷᠬᠦ ᠲᠡᠢ ᠲᠡᠮᠦᠵᠢᠨ ᠦ᠌ ᠳᠣᠲᠣᠷ᠎ᠠ ᠰᠡᠳᠬᠢᠯ ᠦ᠋ᠨ ᠭᠦᠨᠵᠡᠭᠡᠢ ᠰᠢᠨᠠᠯᠤᠯ ᠢ᠋ ᠣᠯᠵᠤ ᠬᠠᠷᠠᠭᠠᠳ ᠶᠡᠬᠡᠳᠡ ᠦᠷᠦ ᠡᠪᠡᠳᠦᠨ ᠣᠢᠯᠠᠭᠠᠵᠤ᠂ ᠲᠡᠭᠦᠨ ᠳ᠋ᠦ᠍ ᠨᠢᠭᠡ ᠨᠠᠰᠤ ᠪᠠᠷ ᠢ᠋ᠶ᠋ᠠᠨ ᠲᠤᠰᠠ ᠳᠠᠮ ᠪᠣᠯᠵᠤ ᠶᠠᠪᠤᠬᠤ ᠪᠠᠨ ᠳᠣᠲᠣᠷ᠎ᠠ ᠪᠠᠨ ᠰᠠᠮ ᠲᠠᠩᠭᠠᠷᠢᠭᠯᠠᠭᠰᠠᠨ ᠪᠢᠯᠡ᠃ ᠢᠩᠭᠢᠵᠦ ᠭᠠᠭᠴᠠᠭᠠᠷᠳᠠᠵᠤ᠂ ᠰᠢᠨᠠᠯᠤᠭᠰᠠᠨ ᠬᠥᠮᠦᠨ ᠢ᠋ ᠪᠥᠷᠲᠡ ᠤᠷᠢᠳ ᠡᠮᠦᠨ᠎ᠡ ᠶᠡᠷᠦ ᠦᠵᠡᠭᠰᠡᠨ ᠦᠭᠡᠢ ᠨᠢ ᠲᠡᠮᠦᠵᠢᠨ ᠢ᠋ ᠬᠠᠢᠷᠠᠯᠠᠬᠤ ᠳ᠋ᠤ᠌ ᠬᠦᠷᠭᠡᠵᠡᠢ᠃ ᠲᠡᠮᠦᠵᠢᠨ ᠢ᠋ ᠬᠠᠷᠠᠬᠤ ᠳ᠋ᠤ᠌ ᠲᠡᠷᠡ ᠬᠡᠮᠵᠢᠶᠡᠯᠡᠰᠢ ᠦᠭᠡᠢ ᠶᠡᠬᠡ ᠵᠣᠪᠠᠯᠠᠩ ᠦᠵᠡᠬᠦ ᠶᠤᠮ ᠰᠢᠭ ᠰᠤᠪᠢᠩ ᠲᠠᠲᠠᠨ᠎ᠠ᠃ ᠲᠡᠢᠮᠦ ᠪᠣᠯᠬᠣᠷ ᠪᠥᠷᠲᠡ᠂ ᠲᠡᠮᠦᠵᠢᠨ ᠳ᠋ᠦ᠍ ᠠᠯᠢ ᠪᠣᠯᠬᠣᠷ ᠲᠤᠰᠠᠯᠠᠬᠤ ᠶ᠋ᠢ ᠬᠢᠴᠢᠶᠡᠵᠦ ᠶᠠᠭ ᠯᠠ ᠡᠭᠡᠴᠢ ᠰᠢᠭ ᠨᠢ ᠥᠮᠥᠭᠡᠷᠡᠮᠡᠷ ᠰᠠᠨᠠᠭᠳᠠᠵᠠᠢ᠃ ᠣᠷᠬᠢᠨ ᠬᠣᠯᠠᠳᠴᠤ ᠪᠣᠢ ᠡᠴᠢᠭᠡ ᠶ᠋ᠢᠨ ᠢ᠋ᠶ᠋ᠡᠨ ᠠᠷᠤ ᠡᠴᠡ ᠲᠠᠭ ᠳᠠᠭᠤ ᠦᠭᠡᠢ ᠭᠦᠶᠦᠵᠦ ᠣᠳᠤᠭᠰᠠᠨ ᠲᠡᠮᠦᠵᠢᠨ ᠢ᠋ ᠬᠠᠷᠠᠭᠠᠳ ᠪᠥᠷᠲᠡ ᠶ᠋ᠢᠨ ᠰᠡᠳᠬᠢᠯ ᠤᠷᠠᠭᠳᠠᠨ ᠱᠠᠷᠬᠢᠷᠠᠭᠰᠠᠨ ᠪᠢᠯᠡ ᠃ ᠲᠡᠮᠦᠵᠢᠨ ᠡᠴᠢᠭᠡ ᠲᠡᠢ ᠪᠡᠨ ᠳᠠᠬᠢᠨ ᠠᠭᠤᠯᠵᠠᠬᠤ ᠦᠭᠡᠢ ᠮᠡᠲᠦ ᠪᠥᠷᠲᠡ ᠳ᠋ᠦ᠍ ᠰᠠᠨᠠᠭᠳᠠᠵᠠᠢ ᠃ᠡᠴᠢᠭᠡ ᠶ᠋ᠢ ᠪᠡᠨ ᠭᠦᠢᠴᠡᠬᠦ ᠭᠡᠵᠦ ᠶᠠᠭᠠᠷᠠᠬᠤ ᠳ᠋ᠠᠭᠠᠨ ᠭᠤᠲᠤᠯ ᠢ᠋ᠶ᠋ᠠᠨ ᠰᠤᠭᠤᠯᠵᠤ ᠬᠠᠶᠠᠭᠠᠳ ᠬᠥᠯ ᠨᠢᠴᠦᠭᠦᠨ ᠭᠦᠶᠦᠵᠦ ᠂ ᠰᠡᠭᠦᠯ ᠳ᠋ᠡᠭᠡᠨ ᠬᠥᠯ ᠨᠢ ᠰᠢᠯᠪᠤᠷᠠᠵᠤ ᠤᠷᠠᠭᠳᠠᠭᠠᠳ ᠮᠥᠷ ᠨᠢ ᠴᠠᠰᠤᠨ ᠳᠡᠭᠡᠷ᠎ᠡ ᠤᠯᠠᠭᠠᠨ ᠵᠠᠮ ᠲᠠᠲᠠᠭᠤᠯᠤᠨ ᠳᠤᠷᠠᠢᠵᠤ ᠪᠠᠢᠬᠤ ᠶ᠋ᠢ ᠦᠵᠡᠭᠡᠳ ᠲᠡᠮᠦᠵᠢᠨ ᠦ᠌ ᠰᠡᠳᠬᠢᠯ ᠦ᠋ᠨ ᠳᠠᠯᠳᠠ ᠨᠢᠭᠤᠭᠳᠠᠨ ᠪᠠᠢᠭ᠎ᠠ ᠵᠣᠷᠢᠭ ᠲᠡᠪᠴᠢᠶᠡᠷᠢ ᠶ᠋ᠢ ᠮᠡᠳᠡᠵᠡᠢ᠃ ᠡᠨᠡ ᠪᠠᠢᠳᠠᠯ ᠢ᠋ ᠦᠵᠡᠭᠰᠡᠨ ᠳ᠋ᠠᠢ ᠰᠡᠴᠡᠨ ᠶᠡᠬᠡᠳᠡ ᠪᠠᠬᠠᠳᠤᠨ 《ᠴᠢᠨᠣ᠎ᠠ ᠰᠢᠭ᠋ ᠠᠮᠢᠲᠠᠨ ᠶᠤᠮ》ᠭᠡᠵᠦ ᠴᠢᠩᠭ᠎ᠠ ᠬᠡᠯᠡᠭᠰᠡᠨ ᠨᠢ ᠪᠥᠷᠲᠡ ᠳ᠋ᠦ᠍ ᠬᠠᠮᠤᠭ ᠡᠴᠡ ᠰᠠᠢᠬᠠᠨ ᠰᠣᠨᠣᠰᠳᠠᠭᠰᠠᠨ ᠶᠤᠮ᠃ ᠪᠥᠷᠲᠡ ᠶ᠋ᠢᠨ ᠰᠣᠪᠢᠩ ᠦᠨᠡᠨ ᠪᠣᠯᠵᠤ ᠶᠢᠰᠦᠭᠡᠢ ᠲᠠᠲ᠋ᠠᠷ ᠲᠤ᠌ ᠬᠣᠣᠷᠯᠠᠭᠳᠠᠨ ᠦᠬᠦᠭᠰᠡᠨ ᠲᠤᠬᠠᠢ ᠠᠶᠤᠮᠰᠢᠭᠲᠤ ᠮᠡᠳᠡᠭᠡ ᠶ᠋ᠢ ᠵᠠᠷᠤᠴᠠ ᠮᠡᠩᠯᠢᠭ ᠬᠦᠷᠭᠡᠵᠦ ᠢᠷᠡᠵᠡᠢ ᠃ ᠡᠨᠡ ᠮᠥᠴᠡ ᠡᠴᠡ ᠬᠣᠢᠰᠢ ᠲᠡᠮᠦᠵᠢᠨ ᠢ᠋ ᠬᠡᠵᠢᠶ᠎ᠡ ᠴᠦ᠍ ᠣᠷᠬᠢᠬᠤ ᠦᠭᠡᠢ ᠭᠡᠵᠦ ᠪᠥᠷᠲᠡ ᠬᠠᠲᠠᠭᠤ ᠰᠢᠢᠳᠪᠡ᠃ ᠪᠥᠷᠲᠡ ᠶ᠋ᠢᠨ ᠡᠨᠡ ᠰᠢᠢᠳᠪᠦᠷᠢ ᠬᠡᠳᠦᠢ ᠪᠡᠷ ᠲᠡᠭᠦᠨ ᠦ᠌ ᠰᠡᠳᠬᠢᠯ ᠦ᠋ᠨ ᠬᠦᠰᠡᠯ ᠪᠠᠢᠭᠰᠠᠨ ᠴᠤ᠌ ᠴᠣᠬᠣᠮ ᠳ᠋ᠠᠭᠠᠨ ᠲᠩᠷᠢ ᠶ᠋ᠢᠨ ᠵᠠᠷᠯᠢᠭ ᠪᠣᠯᠬᠤ ᠶ᠋ᠢ ᠲᠡᠳᠡᠨ ᠦ᠌ ᠬᠡᠨ ᠨᠢ ᠴᠦ᠍ ᠣᠢᠯᠠᠭᠠᠵᠤ ᠮᠡᠳᠡᠭᠡ ᠦᠭᠡᠢ ᠪᠠᠢᠪᠠ ᠃ ᠬᠠᠷᠢᠨ ᠶᠢᠰᠦᠭᠡᠢ ᠡᠴᠢᠭᠡ ᠶ᠋ᠢᠨ ᠬᠢᠨᠢ ᠣᠷᠣᠨ ᠳ᠋ᠤ᠌ ᠪᠢ ᠲᠡᠮᠦᠵᠢᠨ ᠳ᠋ᠦ᠍ ᠦᠯᠡᠳᠡᠵᠡᠢ ᠭᠡᠵᠦ ᠪᠥᠷᠲᠡ ᠪᠣᠳᠣᠨ᠎ᠠ᠃ ᠲᠡᠢᠮᠦ ᠤᠴᠢᠷ ᠡᠴᠡ ᠪᠥᠷᠲᠡ ᠪᠣᠯ ᠲᠡᠮᠦᠵᠢᠨ ᠢ᠋ ᠣᠷᠬᠢᠵᠤ ᠂ ᠬᠠᠶᠠᠵᠤ ᠴᠢᠳᠠᠬᠤ ᠦᠭᠡᠢ ᠴᠣᠷ ᠤ᠋ᠨ ᠭᠠᠭᠴᠠ ᠦᠨᠡᠨᠴᠢ ᠨᠥᠬᠥᠷ ᠨᠢ ᠶᠦ᠍ᠮ ᠃ ᠥᠨᠥᠳᠥᠷ ᠲᠡᠳᠡᠨ ᠳ᠋ᠦ᠍ ᠤᠴᠠᠷᠠᠭᠰᠠᠨ ᠪᠦᠬᠦ ᠭᠠᠢ ᠵᠣᠪᠠᠯᠠᠩ ᠢ᠋ ᠡᠢᠮᠦ ᠯᠡ ᠰᠡᠳᠬᠢᠯ ᠦ᠋ᠨ ᠡᠭᠦᠳᠡᠨ ᠡᠴᠡ ᠪᠥᠷᠲᠡ ᠣᠢᠯᠠᠭᠠᠵᠤ ᠂ ᠲᠡᠮᠦᠵᠢᠨ ᠦ᠌ ᠦᠭᠡ᠂ ᠦᠢᠯᠡᠳᠦᠯ ᠪᠦᠷᠢ ᠶ᠋ᠢ ᠲᠡᠪᠴᠢᠵᠡᠢ ᠃ ᠤᠭ ᠨᠢ ᠭᠡᠨᠡᠳᠲᠡ ᠳᠣᠪᠲᠣᠯᠤᠨ ᠢᠷᠡᠭᠰᠡᠨ ᠮᠡᠷᠭᠢᠳ ᠦ᠋ᠨ ᠪᠠᠷ᠎ᠠ ᠰᠤᠷᠠᠭ ᠢ᠋ᠶ᠋ᠠᠷ ᠥᠪᠡᠷ ᠢ᠋ ᠨᠢ ᠬᠠᠮᠠᠭᠠᠯᠠᠵᠤ ᠠᠪᠤᠯ ᠦᠭᠡᠢ ᠠᠮᠢ ᠪᠠᠨ ᠪᠣᠳᠣᠨ ᠵᠢᠭᠤᠲᠠᠵᠤ ᠣᠳᠤᠭᠰᠠᠨ ᠲᠡᠮᠦᠵᠢᠨ ᠳ᠋ᠦ᠍ ᠪᠥᠷᠲᠡ ᠲᠤᠢᠯ ᠤ᠋ᠨ ᠶᠡᠬᠡ ᠪᠡᠷ ᠭᠣᠮᠣᠳᠠᠵᠤ ᠪᠠᠢᠭᠰᠠᠨ ᠪᠢᠯᠡ ᠃ ᠮᠡᠷᠭᠢᠳ ᠢ᠋ ᠳᠣᠪᠲᠣᠯᠤᠨ ᠢᠷᠡᠬᠦ ᠳ᠋ᠦ᠍ ᠬᠥᠭᠰᠢᠨ ᠡᠮᠡᠭᠡᠨ ᠬᠤᠸᠠᠬᠴᠢᠨ ᠤ᠋ ᠬᠠᠮᠲᠤ ᠶᠠᠪᠠᠭᠠᠨ ᠨᠢᠴᠦᠭᠦᠨ ᠣᠷᠬᠢᠭᠠᠳ ᠥᠪᠡᠷ ᠦ᠋ᠨ ᠡᠬᠡ᠂ ᠳᠡᠭᠦᠦ ᠨᠠᠷ ᠢ᠋ ᠳᠠᠭᠠᠭᠤᠯᠤᠨ ᠵᠢᠭᠤᠲᠠᠭᠰᠠᠨ ᠲᠡᠮᠦᠵᠢᠨ ᠳ᠋ᠦ᠍ ᠶᠠᠭᠠᠬᠢᠵᠤ ᠭᠣᠮᠣᠳᠠᠬᠤ ᠦᠭᠡᠢ ᠪᠠᠢᠬᠤ ᠪᠣᠢ? ᠲᠡᠷᠡ ᠦᠶ᠎ᠡ ᠳ᠋ᠦ᠍ ᠪᠥᠷᠲᠡ ᠶ᠋ᠢ ᠰᠤᠨᠳᠠᠯᠠᠭᠠᠳ ᠴᠤ᠌ ᠪᠣᠯᠪᠠ ᠶᠠᠪᠤᠭᠰᠠᠨ ᠪᠣᠯ ᠡᠢᠮᠦ ᠶᠠᠪᠤᠳᠠᠯ ᠪᠣᠯᠵᠤ ᠂ ᠡᠯᠢᠭᠡ ᠪᠡᠨ ᠡᠮᠲᠡᠯᠡᠭᠦ ᠦᠭᠡᠢ ᠪᠠᠢᠪᠠ ᠃ ᠮᠡᠷᠭᠢᠳ ᠦ᠋ᠳ ᠪᠥᠷᠲᠡ ᠶ᠋ᠢ ᠠᠪᠴᠢᠷᠠᠭᠠᠳ ᠥᠭᠡᠯᠦᠨ ᠦ᠌ ᠶᠣᠰᠣᠯᠠᠵᠤ ᠠᠪᠤᠭᠰᠠᠨ ᠡᠷ᠎ᠡ ᠴᠢᠯᠡᠳᠦ ᠶ᠋ᠢᠨ ᠳᠡᠭᠦᠦ ᠴᠢᠯᠭᠡᠷ ᠪᠥᠬᠡ ᠳ᠋ᠦ᠍ ᠥᠭᠴᠡᠢ᠃ ᠪᠥᠷᠲᠡ ᠠᠩᠬ᠎ᠠ ᠡᠮ᠎ᠡ ᠪᠠᠷᠰ ᠮᠡᠲᠦ ᠳᠣᠭᠰᠢᠷᠠᠨ ᠥᠪᠡᠷ ᠢ᠋ ᠪᠡᠨ ᠬᠠᠮᠠᠭᠠᠯᠠᠭᠰᠠᠨ ᠬᠡᠳᠦᠢ ᠴᠦ᠍ ᠰᠡᠳᠬᠢᠯ ᠴᠢᠩᠭ᠎ᠠ᠂ ᠵᠣᠷᠢᠭ ᠬᠠᠲᠠᠭᠤ ᠬᠡᠯᠲᠡ ᠦᠭᠡᠢ ᠶᠠᠪᠤᠭᠠᠨ ᠳ᠋ᠠᠭᠠᠨ ᠣᠨᠣᠭᠳᠠᠭᠰᠠᠨ ᠵᠠᠶᠠᠭ᠎ᠠ ᠪᠠᠨ ᠳ᠋ᠠᠭᠠᠨ ᠴᠢᠯᠭᠡᠷ ᠪᠥᠬᠡ ᠶ᠋ᠢᠨ ᠬᠦᠴᠦᠨ ᠳ᠋ᠦ᠍ ᠠᠪᠲᠠᠨ ᠡᠳ᠋ᠯᠡᠭᠳᠡᠬᠦ ᠪᠣᠯᠵᠠᠢ ᠃ ᠡᠢᠮᠦ ᠦᠵᠡᠰᠬᠦᠯᠡᠩᠲᠦ ᠡᠮ᠎ᠡ ᠶ᠋ᠢ ᠦᠵᠡᠭᠡᠳ ᠳᠤᠷ᠎ᠠ ᠲᠠᠴᠢᠶᠠᠯ ᠢ᠋ᠶ᠋ᠠᠨ ᠲᠡᠪᠴᠢᠨ ᠪᠠᠷᠢᠬᠤ ᠡᠷ᠎ᠡ ᠬᠥᠮᠦᠨ ᠭᠡᠵᠦ ᠬᠠᠮᠢᠭ᠎ᠠ ᠪᠠᠢᠬᠤ ᠪᠢᠯᠡ᠃ ᠲᠡᠷᠡ ᠪᠦᠦ ᠬᠡᠯᠡ ᠣᠪᠰᠣ ᠮᠡᠷᠭᠢᠳ ᠦ᠋ᠨ ᠲᠣᠯᠣᠭᠠᠢᠯᠠᠭᠴᠢ ᠳ᠋ᠠᠢᠷ ᠤᠰᠤᠨ ᠭᠡᠭᠴᠢ ᠪᠥᠷᠲᠡ ᠶ᠋ᠢ ᠦᠵᠡᠭᠡᠳ ᠲᠠᠴᠢᠶᠠᠳᠠᠵᠤ᠂ ᠵᠠᠭᠤᠨ ᠰᠢᠯᠢᠳᠡᠭ ᠠᠭᠲᠠ ᠪᠠᠷ ᠬᠤᠳᠠᠯᠳᠤᠨ ᠠᠪᠬᠤ ᠭᠡᠵᠦ ᠥᠪᠡᠷ ᠦ᠋ᠨ ᠨᠡᠷ᠎ᠡ ᠰᠦᠷ ᠢ᠋ᠶ᠋ᠡᠷ ᠲᠦᠷᠢᠮᠡᠬᠡᠢᠯᠡᠨ ᠰᠢᠬᠠᠮᠳᠠᠭᠤᠯᠤᠭᠰᠠᠭᠠᠷ ᠪᠠᠢᠬᠤ ᠳ᠋ᠤᠨᠢ ᠥᠭᠭᠦᠭᠡ ᠦᠭᠡᠢ ᠳ᠋ᠦ᠍ ᠪᠥᠷᠲᠡ ᠳᠣᠲᠣᠷ᠎ᠠ ᠪᠠᠨ ᠲᠠᠯᠠᠷᠬᠠᠵᠤ ᠴᠢᠯᠭᠡᠷ ᠪᠥᠬᠡ ᠶ᠋ᠢ ᠪᠠᠰᠠ ᠴᠤ᠌ ᠵᠢᠷᠤᠮ ᠲᠠᠢ ᠡᠷ᠎ᠡ ᠭᠡᠵᠦ ᠶᠡᠬᠡᠳᠡ ᠲᠣᠭᠣᠵᠠᠢ ᠃ ᠶᠡᠷᠦ ᠨᠢ ᠡᠨᠡ ᠴᠢᠯᠭᠡᠷ ᠪᠥᠬᠡ ᠯᠡ ᠪᠥᠷᠲᠡ ᠳ᠋ᠦ᠍ ᠬᠠᠮᠤᠭ ᠤ᠋ᠨ ᠳᠣᠲᠣᠨᠣ ᠪᠠᠷ ᠬᠠᠨᠳᠤᠵᠤ᠂ ᠡᠩᠬᠦᠷᠡᠢᠯᠡᠨ ᠠᠰᠠᠷᠠᠵᠤ ᠪᠠᠢᠵᠠᠢ᠃ ᠦᠨᠡᠨ ᠳ᠋ᠡᠭᠡᠨ ᠪᠣᠯ ᠲᠡᠮᠦᠵᠢᠨ ᠦ᠌ ᠳᠡᠷᠭᠡᠳᠡ ᠴᠢᠯᠭᠡᠷ ᠪᠥᠬᠡ ᠴᠢᠷᠠᠢ ᠵᠢᠰᠦ ᠦᠵᠡᠰᠬᠦᠯᠡᠩᠲᠡᠢ᠂ ᠪᠡᠶ᠎ᠡ ᠬᠠ ᠥᠨᠳᠥᠷ ᠰᠠᠢᠬᠠᠨ ᠡᠷ᠎ᠡ ᠪᠢᠯᠡ᠃ ᠬᠠᠷᠢᠨ ᠴᠤ᠌ ᠬᠠᠭᠤᠴᠢᠨ ᠦᠰ ᠲᠡᠢ ᠳᠠᠢᠰᠤᠨ ᠳ᠋ᠠᠭᠠᠨ ᠪᠤᠯᠢᠶᠠᠭᠳᠠᠵᠤ ᠢᠷᠡᠭᠡᠳ ᠥᠲᠡᠯ᠎ᠡ ᠮᠠᠭᠤ ᠡᠷ᠎ᠡ ᠳ᠋ᠦ᠍ ᠡᠳ᠋ᠯᠡᠭᠳᠡᠭᠡ ᠦᠭᠡᠢ ᠳ᠋ᠡᠭᠡᠨ᠂ ᠥᠴᠢᠨᠡᠨ ᠡᠷ᠎ᠡ ᠳᠠᠮᠵᠢᠨ ᠵᠠᠷᠤᠭᠳᠠᠭᠠ ᠦᠭᠡᠢ ᠳ᠋ᠡᠭᠡᠨ ᠲᠡᠷᠡ ᠪᠤᠤ ᠬᠡᠯᠡ ᠠᠯᠠᠭᠣᠯᠴᠢᠬᠠᠯ ᠦᠭᠡᠢ ᠠᠮᠢᠳᠤ ᠦᠯᠡᠳᠡᠭᠰᠡᠨ ᠳ᠋ᠡᠭᠡᠨ ᠪᠥᠷᠲᠡ ᠳᠣᠲᠣᠷ᠎ᠠ ᠪᠠᠨ ᠪᠠᠶᠠᠷᠯᠠᠵᠤ ᠪᠠᠢᠪᠠ ᠃ ᠲᠡᠢᠮᠦ ᠤᠴᠢᠷ ᠡᠴᠡ ᠬᠡᠪᠡᠯᠢ ᠳ᠋ᠡᠭᠡᠨ ᠣᠯᠳᠠᠭᠰᠠᠨ ᠦᠷ᠎ᠡ ᠪᠡᠨ ᠦᠵᠡᠨ ᠶᠠᠳᠠᠬᠤ ᠰᠡᠳᠬᠢᠯ ᠲᠡᠭᠦᠨ ᠳ᠋ᠦ᠍ ᠣᠭᠲᠣᠬᠠᠨ ᠴᠦ᠍ ᠳᠥᠷᠥᠭᠡ ᠦᠭᠡᠢ ᠠᠵᠢ᠃
ᠵᠠᠯᠮ᠎ᠠ᠂ ᠪᠡᠯᠭᠦᠳᠡᠢ ᠬᠣᠶᠠᠷ ᠢ᠋ ᠮᠣᠷᠢᠳ ᠢ᠋ᠶ᠋ᠠᠨ ᠡᠮᠡᠭᠡᠯᠯᠡᠵᠦ ᠢᠷᠡᠲᠡᠯ᠎ᠡ ᠲᠡᠳᠡ ᠳᠤᠤᠭᠠᠷᠴᠠᠭᠠᠭᠰᠠᠨ ᠦᠭᠡᠢ᠃ ᠰᠠᠯᠬᠤ ᠶ᠋ᠢᠨ ᠡᠮᠦᠨ᠎ᠡ ᠲᠡᠮᠦᠵᠢᠨ ᠣᠯᠠᠨ ᠶᠠᠭᠤᠮ᠎ᠠ ᠬᠡᠯᠡᠭᠰᠡᠨ ᠦᠭᠡᠢ᠂ ᠪᠥᠷᠲᠡ ᠴᠦ᠍ ᠠᠰᠠᠭᠤᠭᠰᠠᠨ ᠦᠭᠡᠢ᠃ ᠲᠡᠮᠦᠵᠢᠨ ᠦ᠌ ᠵᠠᠩ ᠢ᠋ ᠮᠡᠳᠡᠬᠦ ᠤᠴᠢᠷ ᠡᠴᠡ ᠡᠢᠮᠦ ᠦᠶ᠎ᠡ ᠳ᠋ᠦ᠍ ᠳᠠᠭᠤ ᠦᠭᠡᠢ ᠪᠠᠢᠬᠤ ᠨᠢ ᠳᠡᠭᠡᠷ᠎ᠡ ᠭᠡᠵᠦ ᠲᠡᠷᠡ ᠪᠣᠳᠣᠵᠠᠢ᠃ ᠣᠳᠣ ᠲᠡᠮᠦᠵᠢᠨ ᠲᠡᠭᠦᠨ ᠢ᠋᠂ ᠪᠠᠰᠠ ᠬᠡᠪᠡᠯᠢ ᠳ᠋ᠡᠬᠢ ᠦᠷ᠎ᠡ ᠶ᠋ᠢ ᠨᠢ ᠥᠷᠥᠰᠢᠶᠡᠭᠰᠡᠨ ᠳ᠋ᠦ᠍ ᠪᠥᠷᠲᠡ ᠢᠲᠡᠭᠡᠵᠦ ᠪᠠᠢᠯ᠎ᠠ᠃ ᠲᠡᠢᠮᠦ ᠤᠴᠢᠷ ᠡᠴᠡ ᠪᠥᠷᠲᠡ ᠲᠩᠷᠢ ᠳ᠋ᠦ᠍ ᠲᠠᠯᠠᠷᠬᠠᠨ ᠮᠥᠷᠭᠥᠭᠰᠡᠨ ᠪᠢᠯᠡ᠃ ᠮᠣᠷᠳᠠᠬᠤ ᠶ᠋ᠢᠨ ᠡᠮᠦᠨ᠎ᠡ ᠪᠥᠷᠲᠡ ᠶ᠋ᠢ ᠡᠢᠨ ᠲᠩᠷᠢ ᠳ᠋ᠦ᠍ ᠤᠳᠠᠭᠠᠨ ᠮᠥᠷᠭᠥᠬᠦ ᠶ᠋ᠢ ᠲᠡᠮᠦᠵᠢᠨ ᠴᠢᠪ ᠴᠢᠮᠡᠭᠡ ᠦᠭᠡᠢ ᠬᠠᠷᠠᠵᠤ ᠵᠣᠭᠰᠣᠯ᠎ᠠ᠃ ᠲᠡᠮᠦᠵᠢᠨ ᠦ᠌ ᠶᠠᠭᠤ ᠪᠣᠳᠣᠵᠤ ᠪᠠᠢᠭ᠎ᠠ ᠶ᠋ᠢ ᠭᠠᠭᠴᠠ ᠪᠤᠭᠤᠷᠴᠢ ᠯᠠ ᠮᠡᠳᠡᠵᠦ ᠪᠠᠢᠪᠠ᠃ ᠤᠳᠠᠯ ᠦᠭᠡᠢ ᠪᠤᠭᠤᠷᠴᠢ᠂ ᠪᠥᠷᠲᠡ ᠬᠣᠶᠠᠷ ᠢ᠋ ᠳᠠᠪᠬᠢᠨ ᠶᠠᠪᠤᠭᠰᠠᠨ ᠬᠣᠢᠨ᠎ᠠ ᠲᠤᠭᠤᠷᠢᠯ ᠤ᠋ᠨ ᠪᠠᠭ ᠴᠡᠷᠢᠭ ᠨᠢᠭᠡᠨ ᠬᠦᠯᠢᠶᠡ ᠲᠡᠢ ᠬᠥᠮᠦᠨ ᠢ᠋ ᠲᠡᠮᠦᠵᠢᠨ ᠳ᠋ᠦ᠍ ᠠᠪᠴᠢᠷᠠᠵᠤ ᠲᠤᠰᠢᠶᠠᠭᠰᠠᠨ ᠨᠢ ᠥᠨᠥᠬᠢ ᠴᠢᠯᠭᠡᠷ ᠪᠥᠬᠡ ᠪᠠᠢᠭᠰᠠᠨ ᠪᠢᠯᠡ᠃ ᠶᠣᠰᠣᠲᠠᠢ ᠪᠥᠬᠡ ᠨᠡᠷ᠎ᠡ ᠳ᠋ᠡᠭᠡᠨ ᠲᠠᠭᠠᠷᠠᠭᠰᠠᠨ᠂ ᠲᠡᠮᠦᠵᠢᠨ ᠡᠴᠡ ᠳᠠᠷᠤᠢ ᠲᠣᠯᠣᠭᠠᠢ ᠥᠨᠳᠥᠷ ᠪᠣᠯᠢᠶ᠎ᠠ ᠵᠠᠯᠠᠭᠤ ᠣᠭᠲᠣ ᠠᠶᠤᠭᠰᠠᠨ ᠰᠢᠨᠵᠢ ᠦᠭᠡᠢ᠂ ᠲᠠᠢᠪᠤᠩ ᠰᠠᠢᠬᠠᠨ ᠵᠣᠭᠰᠣᠬᠤ ᠨᠢ ᠪᠦᠭᠦᠳᠡ ᠶ᠋ᠢ ᠬᠠᠴᠢᠷᠬᠠᠭᠤᠯᠤᠨᠠ᠃ ᠲᠣᠭᠣᠷᠢᠯ ᠬᠠᠨ ᠪᠠᠰᠠ ᠲᠠᠪᠢᠨ ᠰᠢᠯᠢᠳᠡᠭ ᠠᠭᠲᠠ ᠥᠭᠴᠦ ᠢᠯᠡᠭᠡᠭᠰᠡᠨ ᠨᠢ ᠥᠪᠡᠷ ᠢ᠋ ᠪᠡᠨ ᠠᠷᠠᠢ ᠴᠤ᠌ ᠬᠤᠩᠰᠢ ᠦᠭᠡᠢ ᠵᠠᠩ ᠭᠠᠷᠭᠠᠵᠠᠢ ᠭᠡᠵᠦ ᠣᠢᠯᠠᠭᠠᠭᠰᠠᠨ ᠤ᠋ ᠬᠢ ᠪᠣᠯᠤᠯᠲᠠᠢ᠃
— ᠡᠨᠡ ᠥᠨᠥ ᠴᠢᠯᠭᠡᠷ ᠪᠥᠬᠡ ᠭᠡᠭᠴᠢ ᠭᠡᠵᠦ ᠲᠤᠭᠤᠷᠢᠯ ᠤ᠋ᠨ ᠬᠦᠦ ᠰᠡᠩᠭᠦᠮ ᠬᠡᠯᠡᠭᠡᠳ
— ᠬᠡᠷᠬᠢᠨ ᠰᠢᠢᠳᠬᠡᠬᠦ ᠪᠡᠨ ᠲᠡᠮᠦᠵᠢᠨ ᠴᠢᠮᠠᠶ᠋ᠢ ᠥᠪᠡᠷ ᠢ᠋ᠶ᠋ᠡᠨ ᠮᠡᠳᠡ ᠭᠡᠵᠦ ᠬᠠᠨ ᠡᠴᠢᠭᠡ ᠠᠢᠯᠠᠳᠪᠠ ᠭᠡᠮᠡᠨ ᠳᠠᠭᠠᠵᠢᠩᠲᠠᠢ ᠪᠠᠷ ᠳᠡᠰ ᠳᠡᠰ ᠬᠥᠬᠥᠷᠡᠭᠡᠳ ᠳᠠᠪᠬᠢᠨ ᠣᠳᠪᠠ᠃ ᠲᠤᠭᠤᠷᠢᠯ ᠬᠠᠨ ᠶᠠᠮᠠᠷᠬᠠᠨ ᠬᠦᠢᠲᠡᠨ ᠦᠭᠡ ᠪᠡᠷ ᠲᠡᠭᠦᠨ ᠦ᠌ ᠰᠡᠳᠬᠢᠯ ᠦ᠋ᠨ ᠰᠢᠷᠬ᠎ᠠ ᠶ᠋ᠢ ᠬᠥᠨᠳᠡᠨ ᠣᠯᠵᠠ ᠶ᠋ᠢᠨ ᠲᠤᠬᠠᠢ ᠬᠡᠯᠡᠭᠰᠡᠨ ᠦᠭᠡ ᠶ᠋ᠢᠨ ᠬᠠᠷᠢᠭᠤ ᠠᠪᠴᠤ ᠪᠠᠢᠭ᠎ᠠ ᠶ᠋ᠢ ᠲᠡᠮᠦᠵᠢᠨ ᠣᠢᠯᠠᠭᠠᠪᠠ᠃ ᠪᠥᠷᠲᠡ ᠬᠡᠨ ᠡᠴᠡ ᠦᠷ᠎ᠡ ᠲᠡᠭᠡᠭᠡᠭᠰᠡᠨ ᠢ᠋ ᠪᠦᠭᠦᠳᠡ ᠮᠡᠳᠡᠵᠡᠢ᠃ ᠲᠡᠷᠡ ᠪᠦᠦ ᠬᠡᠯᠡ ᠲᠣᠭᠣᠷᠢᠯ ᠬᠠᠨ ᠲᠡᠷᠡ ᠬᠡᠷᠡᠭ ᠶᠠᠪᠤᠳᠠᠯ ᠢ᠋ᠶ᠋ᠠᠷ ᠳᠠᠩᠴᠤ ᠳᠣᠷᠣᠮᠵᠢᠯᠠᠨ ᠴᠢᠯᠭᠡᠷ ᠪᠥᠬᠡ ᠶ᠋ᠢ ᠢᠯᠡᠭᠡᠵᠦ᠂ ᠣᠳᠣ ᠶᠠᠭᠠᠬᠢᠵᠤ ᠳᠠᠪᠠᠯᠠᠨ ᠢᠨᠢᠶᠡᠵᠦ ᠰᠠᠭᠤᠭ᠎ᠠ ᠨᠢ ᠬᠠᠷᠠᠭᠳᠠᠬᠤ ᠰᠢᠭ᠋ ᠪᠣᠯᠤᠨ᠎ᠠ᠃ ᠲᠡᠮᠦᠵᠢᠨ ᠴᠢᠯᠭᠡᠷ ᠪᠥᠬᠡ ᠶ᠋ᠢ ᠤᠳᠠᠭᠠᠨ ᠰᠢᠷᠳᠡᠪᠡ᠃ ᠶᠢᠰᠦᠭᠡᠢ᠂ ᠥᠭᠡᠯᠦᠨ ᠬᠠᠲᠤᠨ ᠢ᠋ ᠮᠡᠷᠭᠢᠳ ᠦ᠋ᠨ ᠶᠡᠬᠡ ᠴᠢᠯᠡᠳᠦ ᠡᠴᠡ ᠪᠤᠯᠢᠶᠠᠨ ᠠᠪᠤᠭᠰᠠᠨ ᠤ᠋ ᠬᠠᠷᠢᠭᠤ ᠳ᠋ᠤ᠌ ᠪᠥᠷᠲᠡ ᠶ᠋ᠢ ᠮᠡᠷᠭᠢᠳ ᠦ᠋ᠳ ᠴᠢᠯᠡᠳᠦ ᠶ᠋ᠢᠨ ᠳᠡᠭᠦᠦ ᠴᠢᠯᠭᠡᠷ ᠪᠥᠬᠡ ᠳ᠋ᠦ᠍ ᠥᠭᠭᠦᠭᠰᠡᠨ ᠦ᠌ ᠤᠴᠢᠷ ᠣᠳᠣ ᠬᠣᠶᠠᠷ ᠵᠠᠯᠠᠭᠤ ᠡᠷ᠎ᠡ ᠦᠬᠦᠯ ᠠᠮᠢᠳᠤᠷᠠᠯ ᠤ᠋ᠨ ᠵᠠᠭᠠᠭ ᠲᠤ᠌ ᠨᠢᠭᠤᠷ ᠲᠤᠯᠤᠨ ᠵᠣᠭᠰᠣᠵᠠᠢ᠃ ᠡᠴᠢᠭᠡ ᠡᠪᠦᠭᠡᠳ ᠦ᠋ᠨ ᠬᠢᠭᠰᠡᠨ ᠭᠡᠮ ᠨᠢᠭᠦᠯ ᠦᠷ᠎ᠡ ᠬᠣᠢᠴᠢ ᠳ᠋ᠤᠨᠢ ᠭᠠᠢ ᠲᠦᠢᠳᠬᠡᠷ ᠤᠴᠠᠷᠠᠭᠤᠯᠳᠠᠭ ᠬᠠᠲᠠᠭᠤ ᠴᠠᠭ ᠤ᠋ᠨ ᠵᠢᠮ᠎ᠡ ᠶ᠋ᠢ ᠶᠠᠭᠠᠬᠢᠯᠲᠠᠢ ᠪᠢᠯᠡ᠃ ᠦᠵᠡᠰᠬᠦᠯᠡᠩᠲᠦ ᠥᠭᠡᠯᠦᠨ ᠢ᠋ ᠪᠤᠯᠢᠶᠠᠨ ᠠᠪᠤᠭᠰᠠᠨ ᠢ᠋ᠶ᠋ᠠᠷ ᠬᠣᠵᠢᠮ ᠤ᠋ᠨ ᠶᠠᠮᠠᠷ ᠭᠠᠢ ᠵᠣᠪᠠᠯᠠᠩ ᠤ᠋ᠨ ᠦᠷ᠎ᠡ ᠶ᠋ᠢ ᠲᠠᠷᠢᠭᠰᠠᠨ ᠢ᠋ᠶ᠋ᠠᠨ ᠶᠢᠰᠦᠭᠡᠢ ᠬᠡᠵᠢᠶ᠎ᠡ ᠴᠦ᠍ ᠮᠡᠳᠡᠬᠦ ᠦᠭᠡᠢ ᠪᠡᠷ ᠲᠩᠷᠢ ᠳ᠋ᠦ᠍ ᠣᠳᠴᠠᠢ᠃ ᠲᠡᠮᠦᠵᠢᠨ ᠪᠣᠯᠤᠭᠠᠳ ᠴᠢᠯᠭᠡᠷ ᠪᠥᠬᠡ ᠶ᠋ᠢᠨ ᠬᠣᠭᠣᠷᠣᠨᠳᠣ ᠡᠭᠦᠰᠦᠭᠰᠡᠨ ᠵᠥᠷᠢᠴᠡᠯ ᠲᠡᠮᠡᠴᠡᠯ ᠦ᠋ᠨ ᠪᠤᠷᠤᠭᠤᠲᠠᠨ ᠦᠭᠡᠢ ᠪᠣᠯᠵᠠᠢ᠃ ᠪᠠᠰᠠ ᠵᠥᠪ ᠪᠤᠷᠤᠭᠤ ᠶ᠋ᠢ ᠢᠯᠭᠠᠨ ᠰᠢᠭᠦᠵᠦ ᠬᠡᠯᠡᠬᠦ ᠤᠬᠠᠭᠠᠨᠲᠠᠨ ᠴᠤ᠌ ᠦᠭᠡᠢ ᠶᠤᠮ᠃ ᠬᠤᠪᠢ ᠲᠠᠪᠢᠯᠠᠩ ᠲᠡᠳᠡᠨ ᠢ᠋ ᠦᠬᠦᠯ ᠠᠮᠢᠳᠤᠷᠠᠯ ᠤ᠋ᠨ ᠣᠷᠴᠢᠯᠠᠩ ᠳ᠋ᠤ᠌ ᠬᠠᠯᠵᠠ ᠲᠤᠯᠭᠠᠭᠠᠳ ᠬᠡᠨ ᠨᠢᠭᠡ ᠶ᠋ᠢ ᠨᠢ ᠬᠥᠷᠥᠰᠥᠲᠦ ᠳ᠋ᠦ᠍ ᠠᠮᠢᠳᠤ ᠦᠯᠡᠳᠡᠬᠦ ᠶ᠋ᠢ ᠲᠤᠰᠢᠶᠠᠭᠰᠠᠨ ᠨᠢ ᠡᠨᠡ ᠪᠠᠢᠪᠠ᠃ ᠡᠨᠡ ᠤᠳᠠᠭ᠎ᠠ ᠴᠢᠯᠭᠡᠷ ᠪᠥᠬᠡ ᠶ᠋ᠢᠨ ᠬᠤᠪᠢ ᠳ᠋ᠤ᠌ ᠲᠡᠢᠮᠦ ᠴᠦ᠍ ᠪᠠᠶᠠᠷᠯᠠᠬᠤ ᠪᠠᠷ ᠶᠠᠪᠤᠳᠠᠯ ᠪᠣᠯᠬᠤ ᠦᠭᠡᠢ ᠨᠢ ᠨᠢᠭᠡᠨᠲᠡ ᠲᠣᠳᠣᠷᠬᠠᠢ ᠪᠠᠢᠯ᠎ᠠ᠃ ᠴᠢᠯᠭᠡᠷ ᠪᠥᠬᠡ ᠠᠩᠬ᠎ᠠ ᠪᠥᠷᠲᠡ ᠶ᠋ᠢ ᠲᠡᠭᠦᠨ ᠳ᠋ᠦ᠍ ᠥᠭᠬᠦ ᠳ᠋ᠦ᠍ ᠭᠤᠸ᠎ᠠ ᠦᠵᠡᠮᠵᠢ ᠲᠡᠭᠦᠰ ᠪᠦᠰᠡᠭᠦᠢ ᠶ᠋ᠢ ᠬᠠᠷᠠᠭᠠᠳ ᠲᠠᠴᠢᠶᠠᠳᠠᠨ ᠰᠢᠨᠤᠵᠤ ᠳᠣᠲᠣᠷ᠎ᠠ ᠪᠠᠨ ᠪᠣᠳᠣᠭᠰᠠᠨ ᠪᠦᠬᠦ ᠡᠷᠡᠭᠡᠯᠵᠡᠭᠡ᠂ ᠮᠠᠭᠤ ᠰᠤᠪᠢᠩ ᠢ᠋ᠶ᠋ᠠᠨ ᠮᠠᠷᠲᠠᠵᠤ ᠦᠢᠯᠡ ᠶ᠋ᠢᠨ ᠦᠷ᠎ᠡ ᠪᠡᠨ ᠳᠠᠭᠤ ᠦᠭᠡᠢ ᠳᠠᠭᠠᠭᠰᠠᠨ ᠪᠢᠯᠡ᠃ ᠪᠥᠷᠲᠡ ᠶ᠋ᠢ ᠠᠪᠤᠭᠰᠠᠨ ᠢ᠋ᠶ᠋ᠠᠷ ᠲᠡᠭᠦᠨ ᠳ᠋ᠦ᠍ ᠰᠠᠢᠨ ᠶᠠᠭᠤᠮ᠎ᠠ ᠣᠭᠲᠣ ᠪᠣᠯᠬᠤ ᠦᠭᠡᠢ ᠭᠡᠳᠡᠭ ᠢ᠋ ᠢᠷᠤᠯᠠᠭᠰᠠᠭᠠᠷ ᠪᠠᠢᠭᠰᠠᠨ ᠮᠥᠷᠲᠡᠭᠡᠨ ᠪᠥᠷᠲᠡ ᠶ᠋ᠢ ᠶᠠᠮᠠᠷ ᠴᠤ᠌ ᠪᠣᠯᠪᠠ ᠠᠯᠳᠠᠵᠤ ᠪᠣᠯᠬᠤ ᠦᠭᠡᠢ ᠭᠡᠵᠦ ᠰᠢᠢᠳᠦᠭᠰᠡᠨ ᠨᠢ ᠲᠡᠭᠦᠨ ᠦ᠌ ᠤᠬᠠᠭᠠᠨ ᠦᠭᠡᠢ ᠳᠤᠷᠠᠯᠠᠭᠰᠠᠨ ᠰᠡᠳᠬᠢᠯ ᠦ᠋ᠨ ᠬᠢ ᠪᠠᠢᠵᠠᠢ᠃
— ᠴᠢ ᠨᠠᠭᠠᠳᠤ ᠡᠮ᠎ᠡ ᠡᠴᠡ ᠪᠡᠨ ᠪᠣᠯᠵᠤ ᠦᠷ᠎ᠡ ᠤᠳᠤᠮ ᠢ᠋ᠶ᠋ᠠᠷ ᠢ᠋ᠶ᠋ᠠᠨ ᠰᠦᠢᠷᠡᠬᠦ ᠶ᠋ᠢ ᠪᠢ ᠦᠵᠡᠨ᠎ᠡ ᠭᠡᠵᠦ ᠠᠲᠠᠭᠠᠷᠬᠠᠵᠤ ᠬᠣᠷᠣᠰᠤᠭᠰᠠᠨ ᠳ᠋ᠠᠢᠷ ᠤᠰᠤᠨ ᠰᠣᠭᠲᠣᠭᠤᠷᠠᠨ ᠬᠠᠰᠬᠢᠷᠬᠤ ᠶ᠋ᠢ ᠴᠤ᠌ ᠶᠠᠭᠤᠮᠠᠨ ᠴᠢᠨᠡᠭᠡ ᠪᠣᠳᠣᠭᠰᠠᠨ ᠦᠭᠡᠢ᠃ ᠳ᠋ᠠᠢᠷ ᠤᠰᠤᠨ ᠤᠭ ᠡᠴᠡ ᠬᠠᠷ᠎ᠠ ᠮᠠᠭᠤ ᠰᠠᠨᠠᠭ᠎ᠠ ᠲᠠᠢ᠂ ᠬᠣᠷᠣᠨ ᠭᠠᠰᠢᠭᠤᠨ ᠦᠭᠡ ᠲᠡᠢ ᠶ᠋ᠢ ᠪᠦᠭᠦᠳᠡ ᠮᠡᠳᠡᠬᠦ ᠲᠤᠯᠠ ᠪᠥᠷᠲᠡ ᠶ᠋ᠢ ᠵᠠᠭᠤᠨ ᠠᠭᠲᠠ ᠪᠠᠷ ᠠᠷᠠᠯᠵᠢᠨ ᠠᠪᠬᠤ ᠭᠡᠬᠦ ᠳ᠋ᠦ᠍ᠨᠢ ᠲᠡᠭᠦᠨ ᠳ᠋ᠦ᠍ ᠥᠭᠭᠦᠭᠡ ᠦᠭᠡᠢ ᠳ᠋ᠦ᠍ ᠠᠭᠤᠷᠯᠠᠭᠰᠠᠨ ᠳ᠋ᠠᠭᠠᠨ ᠲᠡᠭᠡᠵᠦ ᠪᠠᠢᠨ᠎ᠠ ᠭᠡᠵᠦ ᠪᠣᠳᠣᠭᠰᠠᠨ ᠠᠵᠢ᠃ ᠭᠡᠨᠡᠳᠲᠡ ᠰᠤᠷᠠᠭ ᠠᠵᠢᠭ ᠦᠭᠡᠢ ᠪᠣᠯᠵᠤ᠂ ᠶᠠᠳᠠᠵᠤ ᠶᠠᠰᠤ᠂ ᠬᠡᠭᠦᠷ ᠨᠢ ᠴᠤ᠌ ᠦᠵᠡᠭᠳᠡᠬᠦ ᠦᠭᠡᠢ ᠠᠯᠠᠭ᠎ᠠ ᠪᠣᠯᠤᠭᠰᠠᠨ ᠶᠡᠬᠡ ᠴᠢᠯᠡᠳᠦ ᠠᠬ᠎ᠠ ᠶ᠋ᠢᠨ ᠬᠢᠨᠢ ᠠᠮᠢᠨ ᠤ᠋ ᠲᠥᠯᠥᠭᠡᠰᠦ ᠪᠣᠯᠭᠠᠨ ᠪᠥᠷᠲᠡ ᠶ᠋ᠢ ᠴᠢᠯᠭᠡᠷ ᠪᠥᠬᠡ ᠳ᠋ᠦ᠍ ᠥᠭᠴᠡᠢ᠃ ᠭᠡᠲᠡᠯ᠎ᠡ ᠳ᠋ᠠᠢᠷ ᠤᠰᠤᠨ ᠤ᠋ ᠮᠠᠭᠤ ᠦᠭᠡ ᠦᠨᠡᠨ ᠪᠣᠯᠪᠠ᠃ ᠪᠥᠷᠲᠡ ᠶ᠋ᠢ ᠪᠤᠯᠢᠶᠠᠨ ᠠᠪᠤᠭᠰᠠᠨ ᠨᠢ ᠭᠠᠭᠴᠠ ᠴᠢᠯᠭᠡᠷ ᠪᠥᠬᠡ ᠴᠤ᠌ ᠪᠢᠰᠢ ᠪᠦᠬᠦᠯᠢ ᠮᠡᠷᠭᠢᠳ ᠠᠢᠮᠠᠭ ᠤ᠋ᠨ ᠢᠷᠡᠭᠡᠳᠦᠢ ᠶ᠋ᠢᠨ ᠰᠦᠢᠷᠡᠯ ᠦ᠋ᠨ ᠡᠬᠢ ᠪᠣᠯᠬᠤ ᠶ᠋ᠢ ᠬᠡᠨ ᠴᠤ᠌ ᠲᠠᠭᠠᠪᠤᠷᠢᠯᠠᠭᠰᠠᠨ ᠦᠭᠡᠢ᠃ ᠴᠢᠯᠭᠡᠷ ᠪᠥᠬᠡ ᠦᠢᠯᠡ ᠶ᠋ᠢᠨ ᠦᠷ᠎ᠡ ᠪᠡᠨ ᠳᠠᠭᠠᠨ ᠣᠳᠣ ᠲᠡᠮᠦᠵᠢᠨ ᠦ᠌ ᠡᠮᠦᠨ᠎ᠡ ᠵᠣᠭᠰᠣᠵᠤ ᠪᠠᠢᠪᠠ᠃ ᠲᠤᠭᠤᠷᠢᠯ ᠬᠠᠨ ᠤ᠋ ᠴᠡᠷᠢᠭ ᠳᠣᠪᠲᠣᠯᠤᠨ ᠢᠷᠡᠬᠦ ᠰᠤᠷᠠᠭ ᠢ᠋ᠶ᠋ᠠᠷ ᠴᠢᠯᠭᠡᠷ ᠪᠥᠬᠡ ᠡᠮᠡᠰ ᠬᠡᠦᠬᠡᠳ ᠢ᠋ᠶ᠋ᠡᠨ ᠬᠠᠶᠠᠨ ᠵᠢᠭᠤᠲᠠᠭᠰᠠᠨ ᠴᠤ᠌ ᠭᠠᠢ ᠪᠣᠯᠵᠤ ᠵᠥᠪ ᠵᠦᠭᠡᠷ ᠪᠠᠢᠲᠠᠯ᠎ᠠ ᠡᠮᠡᠭᠡᠯ ᠦ᠋ᠨ ᠣᠯᠣᠮ ᠲᠠᠰᠤᠷᠠᠵᠤ ᠪᠠᠷᠢᠭᠳᠠᠵᠠᠢ᠃
— ᠲᠡᠮᠦᠵᠢᠨ ᠠᠬ᠎ᠠ ᠠ᠋᠂ ᠡᠭᠦᠨ ᠢ᠋ ᠲᠠᠰᠤ ᠴᠠᠪᠴᠢᠨ ᠬᠠᠶᠠᠶ᠎ᠠ ᠭᠡᠵᠦ ᠪᠡᠯᠭᠦᠳᠡᠢ ᠬᠣᠷᠣᠰᠤᠨ ᠥᠭᠦᠯᠡᠭᠡᠳ ᠰᠡᠯᠡᠮ᠎ᠡ ᠪᠡᠨ ᠰᠤᠭᠤᠯᠵᠤ ᠬᠡᠷᠪᠡ ᠲᠡᠮᠦᠵᠢᠨ ᠲᠣᠯᠣᠭᠠᠢ ᠳᠣᠬᠢᠪᠠᠯ ᠤᠬᠤᠰᠬᠢᠨ ᠣᠴᠢᠬᠤ ᠳ᠋ᠤ᠌ ᠪᠡᠯᠡᠨ ᠪᠠᠢᠯ᠎ᠠ᠃
— ᠲᠡᠮᠦᠵᠢᠨ᠂ ᠪᠢ ᠴᠢᠨᠦ ᠲᠤᠬᠠᠢ ᠣᠯᠠᠨ ᠢ᠋ ᠰᠣᠨᠣᠰᠤᠭᠰᠠᠨ᠃ ᠪᠥᠷᠲᠡ ᠴᠤ᠌ ᠮᠠᠨ ᠤ᠋ ᠳ᠋ᠤ᠌ ᠪᠠᠢᠬᠤ ᠳ᠋ᠠᠭᠠᠨ ᠴᠢᠨᠦ ᠲᠤᠬᠠᠢ ᠡᠷᠡᠦ ᠠᠮᠠ ᠬᠠᠮᠬᠢᠯ ᠦᠭᠡᠢ ᠵᠥᠩᠳᠡᠭᠡᠨ ᠯᠡ ᠶᠠᠷᠢᠭᠰᠠᠨ᠃ ᠴᠢ ᠵᠣᠷᠢᠭᠲᠠᠢ ᠬᠥᠮᠦᠨ ᠪᠢᠵᠡ᠃ ᠭᠡᠪᠡᠴᠦ ᠴᠢ ᠨᠠᠮᠠᠶ᠋ᠢ ᠠᠯᠠᠪᠠᠯ ᠡᠬᠢᠯᠡᠭᠡᠳ ᠬᠦᠯᠢᠭ ᠢ᠋ ᠮᠢᠨᠢ ᠲᠠᠢᠯ᠃ ᠰᠡᠭᠦᠯ ᠳ᠋ᠦ᠍ᠨᠢ ᠴᠢᠮᠠᠶ᠋ᠢ ᠬᠦᠯᠢᠭ ᠲᠡᠢ ᠬᠥᠮᠦᠨ ᠢ᠋ ᠠᠯᠠᠪᠠ ᠭᠡᠵᠦ ᠪᠤᠤ ᠮᠠᠭᠤ ᠬᠡᠯᠡᠭ᠃ ᠲᠡᠮᠦᠵᠢᠨ ᠴᠢᠮᠠᠶ᠋ᠢ ᠡᠨᠡ ᠲᠤᠭᠤᠷᠢᠯ ᠰᠢᠭ᠋ ᠣᠯᠵᠠᠨ ᠳ᠋ᠤ᠌ ᠨᠢᠳᠦ ᠪᠡᠨ ᠤᠬᠤᠭᠠᠳ ᠥᠭᠴᠢᠬᠥ ᠬᠥᠮᠦᠨ ᠪᠢᠰᠢ ᠭᠡᠵᠦ ᠪᠣᠳᠣᠨ᠎ᠠ ᠭᠡᠵᠦ ᠴᠢᠯᠭᠡᠷ ᠪᠥᠬᠡ ᠢᠨᠢᠶᠡᠮᠰᠦᠭᠯᠡᠨ ᠬᠡᠯᠡᠵᠡᠢ᠃ ᠲᠡᠷᠡ ᠦᠬᠦᠨ᠎ᠡ ᠭᠡᠬᠦ ᠳ᠋ᠡᠭᠡᠨ ᠣᠭᠲᠣ ᠬᠠᠷᠠᠮᠰᠠᠭᠰᠠᠨ᠂ ᠠᠶᠤᠭᠰᠠᠨ ᠰᠢᠨᠵᠢ ᠦᠭᠡᠢ ᠪᠠᠢᠭ᠎ᠠ ᠨᠢ ᠭᠠᠢᠬᠠᠯᠲᠠᠢ᠃ ᠴᠢᠯᠭᠡᠷ ᠪᠥᠬᠡ ᠦᠬᠦᠯ ᠨᠢ ᠭᠠᠷᠴᠠᠭ᠎ᠠ ᠦᠭᠡᠢ ᠢᠷᠡᠭᠰᠡᠨ ᠢ᠋ ᠮᠡᠳᠡᠮᠡᠭᠴᠡ ᠲᠠᠢᠪᠤᠰᠢᠷᠠᠵᠠᠢ᠃ ᠴᠢᠯᠭᠡᠷ ᠪᠥᠬᠡ ᠶ᠋ᠢᠨ ᠴᠢᠷᠠᠢ ᠶ᠋ᠢ ᠦᠵᠡᠵᠦ᠂ ᠤᠬᠠᠭᠠᠨᠲᠠᠢ ᠦᠭᠡ ᠶ᠋ᠢ ᠰᠣᠨᠣᠰᠤᠭᠠᠳ ᠲᠡᠮᠦᠵᠢᠨ ᠲᠡᠭᠦᠨ ᠢ᠋ ᠥᠴᠥᠭᠡᠳᠦᠷ ᠦ᠋ᠨ ᠬᠢ ᠰᠢᠭ ᠲᠡᠭᠡᠲᠡᠯ᠎ᠡ ᠪᠡᠨ ᠦᠵᠡᠨ ᠶᠠᠳᠠᠬᠤ ᠦᠭᠡᠢ᠂ ᠪᠠᠰᠠ ᠠᠯᠠᠬᠤ ᠭᠡᠵᠦ ᠲᠡᠭᠡᠲᠡᠯ᠎ᠡ ᠪᠡᠨ ᠰᠦᠷᠡᠬᠡᠢ ᠥᠰᠢᠷᠬᠡᠨ ᠬᠣᠨᠵᠢᠩᠨᠠᠬᠤ ᠦᠭᠡᠢ ᠪᠣᠯᠤᠭᠰᠠᠨ ᠳ᠋ᠠᠭᠠᠨ ᠶᠡᠬᠡᠳᠡ ᠭᠠᠢᠬᠠᠪᠠ᠃
— ᠬᠠᠷᠢᠨ ᠲᠡᠮᠦᠵᠢᠨ ᠪᠢ ᠴᠢᠮ᠎ᠠ ᠡᠴᠡ ᠨᠢᠭᠡ ᠵᠦᠢᠯ ᠬᠦᠰᠡᠨ᠎ᠡ᠃ ᠴᠢ ᠪᠥᠷᠲᠡ ᠶ᠋ᠢ ᠲᠥᠷᠥᠬᠦ ᠪᠡᠷ ᠬᠥᠪᠡᠭᠦᠨ ᠪᠠᠢᠪᠠᠯ ᠪᠤᠤ ᠠᠯᠠ᠃ ᠬᠡᠨ ᠳ᠋ᠦ᠍ ᠴᠤ᠌ ᠬᠠᠮᠢᠶ᠎ᠠ ᠦᠭᠡᠢ ᠥᠭᠴᠦ ᠣᠷᠭᠢ᠃ ᠮᠠᠨ ᠤ᠋ ᠠᠢᠮᠠᠭ ᠤ᠋ᠨ ᠬᠡᠨ ᠴᠤ᠌ ᠪᠠᠢᠭᠰᠠᠨ ᠮᠢᠨᠦ ᠦᠷ᠎ᠡ ᠶ᠋ᠢ ᠠᠪᠬᠤ ᠡᠴᠡ ᠲᠠᠲᠠᠭᠠᠯᠵᠠᠬᠤ ᠦᠭᠡᠢ ᠪᠢᠵᠡ᠃ ᠬᠥᠮᠦᠨ ᠪᠣᠯᠪᠠᠯ ᠬᠦᠰᠡᠯ ᠢ᠋ᠶ᠋ᠡᠷ ᠢ᠋ᠶ᠋ᠡᠨ ᠪᠣᠯᠤᠭ᠃ ᠴᠢᠯᠭᠡᠷ ᠪᠥᠬᠡ ᠮᠢᠨᠦ ᠦᠷ᠎ᠡ ᠭᠡᠳᠡᠭ ᠢ᠋ᠶ᠋ᠡᠨ ᠲᠡᠷᠡ ᠮᠠᠷᠲᠠᠪᠠᠯ ᠮᠠᠷᠲᠠᠭ᠃ ᠡᠷ᠎ᠡ ᠬᠥᠮᠦᠨ ᠪᠣᠯᠵᠤ ᠲᠥᠷᠥᠭᠰᠡᠨ ᠶᠤᠮ ᠪᠣᠯ ᠠᠮᠢᠳᠤᠷᠠᠵᠤ ᠦᠵᠡᠭ᠃ ᠲᠡᠭᠦᠨ ᠦ᠌ ᠪᠤᠷᠤᠭᠤ ᠭᠡᠵᠦ ᠦᠭᠡᠢ ᠪᠢᠵᠡ ᠭᠡᠰᠡᠨ ᠴᠢᠯᠭᠡᠷ ᠪᠥᠬᠡ ᠶ᠋ᠢᠨ ᠦᠭᠡ ᠶ᠋ᠢ ᠰᠣᠨᠣᠰᠤᠭᠠᠳ ᠲᠡᠮᠦᠵᠢᠨ ᠭᠡᠨᠡᠳᠲᠡ ᠳᠦᠷᠡᠰᠬᠢᠵᠦ
— ᠡᠭᠦᠨ ᠦ᠌ ᠬᠦᠯᠢᠭ ᠢ᠋ ᠲᠠᠢᠯ᠃ ᠬᠠᠰᠠᠷ ᠴᠢ ᠰᠡᠯᠡᠮ᠎ᠡ ᠪᠡᠨ ᠲᠡᠭᠦᠨ ᠳ᠋ᠦ᠍ ᠥᠭ! ᠭᠡᠵᠦ ᠬᠠᠰᠬᠢᠷᠴᠠᠢ᠃ ᠲᠡᠮᠦᠵᠢᠨ ᠦ᠌ ᠡᠨᠡ ᠰᠠᠨᠠᠮᠰᠠᠷ ᠦᠭᠡᠢ ᠰᠢᠢᠳᠪᠦᠷᠢ ᠳ᠋ᠦ᠍ ᠪᠦᠭᠦᠳᠡ ᠴᠣᠴᠢᠷᠳᠠᠨ ᠳᠠᠬᠢᠭᠠᠳ ᠯᠠ ᠭᠠᠢᠬᠠᠨ ᠭᠥᠯᠢᠷᠡᠵᠡᠭᠡᠪᠡ ᠃
— ᠡᠨᠡ ᠴᠢᠨᠢ ᠶᠣᠰᠣᠲᠠᠢ ᠭᠠᠢᠬᠠᠮ᠎ᠠ ᠪᠠᠬᠠᠲᠠᠢ ᠬᠡᠷᠡᠭ ᠪᠠᠢᠨ᠎ᠠ᠃ ᠴᠢ ᠤᠬᠠᠭᠠᠨᠲᠠᠢ᠂ ᠵᠣᠷᠢᠭᠲᠠᠢ ᠬᠥᠮᠦᠨ ᠭᠡᠰᠡᠨ ᠨᠢ ᠦᠨᠡᠨ ᠪᠣᠯᠤᠯᠲᠠᠢ᠃ ᠪᠥᠷᠲᠡ ᠴᠢᠮᠠᠶ᠋ᠢ ᠳᠡᠮᠡᠢ ᠨᠢᠭᠡ ᠮᠠᠭᠲᠠᠭᠠ ᠦᠭᠡᠢ ᠪᠠᠢᠵᠠᠢ ᠭᠡᠵᠦ ᠴᠢᠯᠭᠡᠷ ᠪᠥᠬᠡ ᠪᠦᠷ ᠦᠨᠡᠨ ᠰᠡᠳᠬᠢᠯ ᠡᠴᠡ ᠪᠡᠨ ᠬᠡᠯᠡᠪᠡ᠃ ᠵᠣᠷᠢᠮᠠᠭ᠂ ᠦᠨᠡᠨ ᠦᠭᠡ ᠲᠡᠢ ᠡᠨᠡ ᠵᠠᠯᠠᠭᠤ᠂ ᠲᠡᠮᠦᠵᠢᠨ ᠳ᠋ᠦ᠍ ᠲᠠᠭᠠᠯᠠᠭᠳᠠᠵᠤ ᠪᠠᠢᠪᠠ᠃ ᠭᠡᠪᠡᠴᠦ ᠡᠬᠡᠨᠡᠷ ᠢ᠋ ᠨᠢ ᠡᠳ᠋ᠯᠡᠵᠦ ᠪᠦᠷ ᠵᠢᠷᠮᠦᠰᠦᠯᠡᠭᠦᠯᠦᠭᠰᠡᠨ ᠲᠡᠭᠦᠨ ᠢ᠋ ᠥᠷᠥᠰᠢᠶᠡᠬᠦ ᠤᠴᠢᠷ ᠪᠠᠢᠭᠰᠠᠨ ᠦᠭᠡᠢ᠃ ᠬᠠᠷᠢᠨ ᠲᠡᠭᠦᠨ ᠲᠡᠢ ᠰᠡᠯᠡᠮ᠎ᠡ ᠪᠡᠷ ᠲᠤᠯᠤᠯᠳᠤᠵᠤ ᠥᠪᠡᠷ ᠦ᠋ᠨ ᠭᠠᠷ ᠢ᠋ᠶ᠋ᠠᠷ ᠠᠯᠠᠬᠤ ᠶ᠋ᠢ ᠬᠦᠰᠡᠪᠡ᠃ ᠪᠠᠰᠠ ᠢᠩᠭᠢᠬᠦ ᠨᠢ ᠵᠥᠪ ᠪᠥᠭᠡᠳ ᠰᠢᠳᠤᠷᠭᠤ ᠶᠠᠪᠤᠳᠠᠯ ᠪᠣᠯᠤᠨ᠎ᠠ ᠭᠡᠵᠦ ᠪᠣᠳᠣᠵᠠᠢ᠃
— ᠲᠡᠮᠦᠵᠢᠨ ᠠᠬ᠎ᠠ᠃ ᠡᠨᠡ ᠮᠠᠭᠤ ᠮᠡᠷᠭᠢᠳ ᠲᠡᠢ ᠪᠢ ᠲᠤᠯᠤᠶ᠎ᠠ᠃ ᠦᠭᠡᠢ ᠪᠣᠯ ᠵᠦᠭᠡᠷ ᠯᠡ ᠠᠯᠠᠵᠤ ᠣᠷᠬᠢᠭᠠᠴᠢ ᠭᠡᠵᠦ ᠬᠠᠰᠠᠷ ᠬᠠᠰᠬᠢᠷᠤᠭᠰᠠᠨ ᠨᠢ ᠲᠡᠮᠦᠵᠢᠨ ᠢ᠋ ᠪᠣᠯᠭᠣᠮᠵᠢᠯᠠᠭᠤᠯᠤᠭᠰᠠᠨ ᠬᠡᠷᠡᠭ ᠪᠠᠢᠪᠠ᠃
— ᠴᠢ ᠰᠡᠯᠡᠮ᠎ᠡ ᠪᠡᠨ ᠥᠭ! ᠭᠡᠵᠦ ᠲᠡᠮᠦᠵᠢᠨ ᠬᠡᠯᠡᠭᠰᠡᠨ ᠡᠴᠡ ᠪᠡᠨ ᠪᠤᠴᠠᠬᠤ ᠦᠭᠡᠢ ᠳᠠᠬᠢᠨ ᠵᠥᠷᠢᠭᠦᠳᠯᠡᠨ ᠬᠠᠰᠬᠢᠷᠪᠠ᠃
— ᠬᠠᠰᠠᠷ!《ᠮᠠᠭᠤ ᠮᠡᠷᠭᠢᠳ》 ᠭᠡᠵᠦ ᠴᠢ ᠶᠠᠭᠤ ᠬᠡᠯᠡᠨ᠎ᠡ᠃ ᠪᠢᠳᠡ ᠪᠦᠭᠦᠳᠡᠭᠡᠷ ᠠᠳᠠᠯᠢᠬᠠᠨ ᠲᠠᠯ᠎ᠠ ᠬᠠᠩᠭᠠᠢ ᠨᠤᠲᠤᠭ ᠤ᠋ᠨ ᠮᠣᠩᠭᠣᠯ ᠠᠢᠮᠠᠭ ᠤ᠋ᠳ᠃ ᠴᠢ ᠡᠭᠦᠨ ᠡᠴᠡ ᠬᠣᠢᠰᠢ ᠪᠤᠰᠤᠳ ᠢ᠋ ᠪᠦᠦ ᠮᠠᠭᠤ ᠬᠡᠯᠡ᠃ ᠪᠢ ᠴᠢᠮᠠᠶ᠋ᠢ ᠶᠡᠷᠦ ᠳᠣᠷᠣᠮᠵᠢᠯᠠᠭᠰᠠᠨ ᠦᠭᠡᠢ ᠰᠢᠦ᠃ ᠮᠠᠭᠤ ᠡᠮᠡᠰ ᠰᠢᠭ ᠬᠡᠯᠡ ᠠᠮᠠ ᠪᠠᠨ ᠪᠢᠯᠡᠭᠦᠳᠡᠬᠦ ᠨᠢ ᠶᠠᠭᠠᠬᠢᠪᠠᠴᠤ ᠰᠠᠢᠨ ᠡᠷ᠎ᠡ ᠶ᠋ᠢᠨ ᠰᠢᠨᠵᠢ ᠪᠢᠰᠢ ᠭᠡᠵᠦ ᠴᠢᠯᠭᠡᠷ ᠪᠥᠬᠡ ᠶ᠋ᠢᠨ ᠬᠡᠯᠡᠬᠦ ᠳ᠋ᠦ᠍《ᠪᠠᠰᠠ ᠤᠬᠠᠭᠠᠨᠲᠠᠢ ᠰᠦᠷᠡᠬᠡᠢ ᠡᠷ᠎ᠡ ᠶᠤᠮ》 ᠭᠡᠵᠦ ᠲᠡᠮᠦᠵᠢᠨ ᠲᠡᠷᠡᠬᠡᠨ ᠵᠠᠭᠤᠷ᠎ᠠ ᠶᠡᠬᠡᠳᠡ ᠲᠣᠭᠣᠨ ᠪᠣᠳᠣᠯ᠎ᠠ᠃ ᠬᠠᠰᠠᠷ ᠶᠠᠭᠠᠬᠢᠵᠤ ᠴᠤ᠌ ᠴᠢᠳᠠᠭᠰᠠᠨ ᠦᠭᠡᠢ ᠥᠪᠡᠷ ᠦ᠋ᠨ ᠰᠡᠯᠡᠮ᠎ᠡ ᠶ᠋ᠢ ᠴᠢᠯᠭᠡᠷ ᠪᠥᠬᠡ ᠳ᠋ᠦ᠍ ᠥᠭᠭᠦᠭᠡᠳ ᠵᠠᠢ ᠲᠠᠯᠪᠢᠪᠠ᠃ ᠲᠡᠮᠦᠵᠢᠨ ᠦ᠌ ᠰᠢᠷ᠎ᠠ ᠨᠢᠳᠦᠨ ᠳ᠋ᠦ᠍ ᠵᠠᠨᠤᠯ ᠬᠣᠷᠣᠰᠤᠯ ᠬᠤᠷᠠᠵᠤ᠂ ᠰᠡᠯᠡᠮ᠎ᠡ ᠪᠡᠨ ᠣᠷᠣᠭᠰᠢ ᠰᠤᠩᠭᠠᠨ ᠠᠯᠭᠤᠷ ᠲᠣᠭᠣᠷᠢᠨ᠎ᠠ᠃ ᠲᠡᠮᠦᠵᠢᠨ ᠬᠡᠳᠦᠢ ᠪᠡᠷ ᠰᠡᠯᠡᠮ᠎ᠡ ᠪᠡᠷ ᠲᠤᠯᠤᠯᠳᠤᠬᠤ ᠰᠤᠷᠭᠠᠭᠤᠯᠢ ᠣᠢᠭ᠎ᠠ ᠦᠭᠡᠢ ᠬᠢᠭᠰᠡᠭᠡᠷ ᠠᠪᠠᠴᠤ ᠬᠠᠰᠠᠷ ᠤ᠋ᠨ ᠡᠨᠳᠡ ᠦᠯᠦ ᠬᠦᠷᠬᠦ ᠲᠤᠯᠠ ᠪᠦᠭᠦᠳᠡ ᠲᠦᠭᠰᠢᠨ ᠵᠣᠪᠠᠵᠤ ᠪᠠᠢᠯ᠎ᠠ᠃ ᠬᠠᠰᠠᠷ᠂ ᠪᠡᠯᠭᠦᠳᠡᠢ᠂ ᠵᠡᠯᠮ᠎ᠡ ᠭᠤᠷᠪᠠ ᠬᠣᠷᠣᠮ ᠤ᠋ᠨ ᠳᠣᠲᠣᠷ᠎ᠠ ᠬᠠᠷᠠᠴᠠ ᠰᠣᠯᠢᠯᠴᠠᠨ ᠮᠠᠭᠤ ᠶᠠᠭᠤᠮ᠎ᠠ ᠪᠣᠯᠪᠠᠯ ᠬᠠᠵᠠᠭᠤ ᠡᠴᠡ ᠨᠢ ᠳᠠᠭᠠᠷᠢᠨ ᠣᠷᠣᠬᠤ ᠳ᠋ᠤ᠌ ᠪᠡᠯᠡᠨ ᠪᠣᠯᠵᠠᠢ᠃ ᠭᠡᠪᠡᠴᠦ ᠲᠡᠳᠡ ᠲᠡᠮᠦᠵᠢᠨ ᠦ᠌ ᠵᠥᠪᠰᠢᠶᠡᠷᠡᠭᠡ ᠦᠭᠡᠢ ᠪᠠᠢᠬᠤ ᠳ᠋ᠤ᠌ ᠢᠩᠭᠢᠵᠦ ᠵᠢᠷᠦᠬᠡᠯᠡᠬᠦ ᠦᠭᠡᠢ ᠪᠢᠯᠡ᠃ ᠴᠢᠯᠭᠡᠷ ᠪᠥᠬᠡ ᠶ᠋ᠢ ᠰᠡᠯᠡᠮ᠎ᠡ ᠪᠡᠷ ᠲᠤᠯᠤᠯᠳᠤᠬᠤ ᠳ᠋ᠠᠭᠠᠨ ᠰᠠᠢᠨ ᠪᠢᠰᠢ ᠪᠠᠢᠵᠤ ᠮᠡᠳᠡᠨ᠎ᠡ ᠭᠡᠵᠦ ᠪᠣᠳᠣᠵᠤ ᠪᠠᠢᠪᠠ᠃ ᠰᠡᠯᠡᠮ᠎ᠡ ᠠᠭᠠᠷ ᠲᠤ᠌ ᠬᠠᠪᠢᠷᠤᠯᠳᠤᠨ᠂ ᠬᠠᠩᠭᠢᠨᠠᠨ ᠳᠤᠤᠭᠠᠷᠤᠭᠠᠳ ᠣᠴᠢ ᠦᠰᠦᠷᠦᠨ᠂ ᠲᠡᠳᠡ ᠲᠤᠯᠤᠯᠳᠤᠵᠤ ᠡᠬᠢᠯᠡᠪᠡ᠃ ᠴᠢᠯᠭᠡᠷ ᠪᠥᠬᠡ ᠰᠡᠯᠡᠮ᠎ᠡ ᠪᠡᠷ ᠲᠤᠯᠤᠯᠳᠤᠬᠤ ᠳ᠋ᠠᠭᠠᠨ ᠭᠠᠷᠮᠠᠭᠠᠢ᠂ ᠦᠨᠡᠬᠡᠷ ᠭᠠᠪᠰᠢᠭᠠᠢ ᠡᠷ᠎ᠡ ᠠᠵᠢ᠃ ᠲᠡᠮᠦᠵᠢᠨ ᠢ᠋ ᠢᠯᠡᠳᠲᠡ ᠳᠡᠢᠯᠳᠡᠬᠦ ᠶᠠᠩᠵᠤ ᠲᠠᠢ ᠪᠣᠯᠬᠤ ᠳ᠋ᠤ᠌ ᠨᠥᠬᠥᠳ ᠨᠢ ᠰᠡᠯᠡᠮ᠎ᠡ ᠪᠡᠨ ᠰᠢᠭᠦᠷᠦᠨ ᠣᠢᠷᠠᠲᠤᠯ᠎ᠠ᠃ ᠭᠡᠪᠡᠴᠦ ᠲᠡᠮᠦᠵᠢᠨ ᠦ᠌ ᠠᠭᠤᠷᠰᠠᠵᠤ᠂ ᠤᠯᠠᠢᠷᠠᠭᠰᠠᠨ ᠴᠢᠷᠠᠢ ᠶ᠋ᠢ ᠬᠠᠷᠠᠭᠠᠳ ᠬᠠᠵᠠᠭᠤ ᠡᠴᠡ ᠨᠢ ᠣᠷᠣᠵᠤ ᠠᠷᠠᠢ ᠯᠠ ᠵᠢᠷᠦᠬᠡᠯᠡᠭᠰᠡᠨ ᠦᠭᠡᠢ᠃ ᠬᠡᠷᠪᠡ ᠬᠠᠵᠠᠭᠤ ᠡᠴᠡ ᠨᠢ ᠣᠷᠣᠪᠠᠯ ᠲᠡᠮᠦᠵᠢᠨ ᠴᠠᠪᠴᠢᠴᠢᠬᠠᠵᠤ ᠮᠡᠳᠡᠬᠦ ᠶᠠᠩᠵᠤ ᠲᠠᠢ᠃ ᠲᠡᠳᠡ ᠲᠤᠯᠤᠯᠳᠤᠭᠰᠠᠭᠠᠷ ᠲᠡᠮᠦᠵᠢᠨ ᠰᠡᠯᠡᠮ᠎ᠡ ᠪᠡᠨ ᠠᠯᠳᠠᠵᠤ ᠤᠬᠤᠷᠢᠨ ᠵᠢᠭᠤᠲᠠᠬᠤ ᠲᠡᠷᠡ ᠠᠭᠱᠠᠨ ᠳ᠋ᠤ᠌ ᠬᠠᠰᠠᠷ᠂ ᠴᠢᠯᠭᠡᠷ ᠪᠥᠬᠡ ᠶ᠋ᠢ ᠴᠠᠪᠴᠢᠨ ᠤᠨᠠᠭᠠᠪᠠ᠃ ᠬᠠᠰᠠᠷ ᠢᠩᠭᠢᠵᠦ ᠱᠠᠯᠠᠮᠠᠭᠠᠢ ᠬᠥᠳᠡᠯᠦᠭᠡ ᠦᠭᠡᠢ ᠪᠣᠯ ᠲᠡᠮᠦᠵᠢᠨ ᠦ᠌ ᠬᠦᠵᠦᠭᠦᠨ ᠳ᠋ᠦ᠍ ᠴᠢᠯᠭᠡᠷ ᠪᠥᠬᠡ ᠶ᠋ᠢᠨ ᠰᠡᠯᠡᠮ᠎ᠡ ᠶ᠋ᠢᠨ ᠢᠷ ᠪᠠᠭᠤᠬᠤ ᠪᠠᠢᠯ᠎ᠠ᠃ ᠤᠯᠠᠭᠠᠨ ᠴᠠᠭᠠᠨ ᠬᠣᠭᠣᠯᠠᠢ ᠪᠠᠨ ᠲᠠᠰᠤ ᠬᠡᠷᠴᠢᠭᠦᠯᠦᠭᠰᠡᠨ ᠴᠢᠯᠭᠡᠷ ᠪᠥᠬᠡ ᠳᠣᠣᠷ᠎ᠠ ᠪᠠᠨ ᠦᠬᠦᠵᠡᠢ᠃ ᠲᠡᠮᠦᠵᠢᠨ ᠶᠠᠭᠤ ᠴᠤ᠌ ᠳᠤᠤᠭᠠᠷᠤᠭᠰᠠᠨ ᠦᠭᠡᠢ ᠠᠮᠢᠰᠬᠤᠭᠠᠳᠠᠨ ᠰᠠᠭᠤᠨ᠎ᠠ᠃ ᠵᠢᠷᠦᠬᠡ ᠨᠢ ᠬᠦᠴᠦ ᠰᠢᠪᠬᠠᠨ ᠲᠤᠯᠤᠯᠳᠤᠭᠰᠠᠨ ᠡᠴᠡ ᠪᠢᠰᠢ ᠠᠶᠤᠭᠰᠠᠨ ᠡᠴᠡ ᠪᠠᠨ ᠪᠣᠯᠵᠤ ᠲᠦᠭ ᠲᠦᠭ ᠴᠣᠬᠢᠯᠠᠨ᠎ᠠ᠃ ᠦᠬᠦᠯ ᠳᠡᠷᠭᠡᠳᠡᠭᠦᠷ ᠨᠢ ᠭᠦᠶᠦᠵᠦ ᠥᠩᠭᠡᠷᠡᠬᠦ ᠶ᠋ᠢ ᠲᠡᠮᠦᠵᠢᠨ ᠬᠠᠷᠠᠬᠤ ᠰᠢᠭ᠋ ᠪᠣᠯᠪᠠ᠃ ᠴᠢᠯᠭᠡᠷ ᠪᠥᠬᠡ ᠶ᠋ᠢᠨ ᠬᠡᠭᠦᠷ ᠡᠴᠡ ᠦᠬᠦᠯ ᠦ᠋ᠨ ᠦᠨᠦᠷ ᠬᠠᠩᠬᠤᠯᠤᠨ᠎ᠠ᠃ ᠦᠬᠦᠯ ᠡᠢᠮᠦ ᠬᠤᠷᠴᠠ ᠰᠣᠳᠣᠨ ᠦᠨᠦᠷ ᠲᠡᠢ ᠪᠣᠯᠬᠤ ᠶ᠋ᠢ ᠲᠡᠷᠡ ᠠᠩᠬ᠎ᠠ ᠡᠢᠨ ᠬᠦ᠌ ᠮᠡᠳᠡᠵᠡᠢ᠃ ᠪᠦᠷ ᠪᠥᠭᠡᠯᠵᠢᠰᠦ ᠴᠢᠳᠬᠤᠬᠤ ᠠᠵᠢ᠃
— ᠶᠡᠬᠡ ᠭᠠᠪᠰᠢᠭᠠᠢ ᠡᠷ᠎ᠡ ᠶᠤᠮ ᠭᠡᠵᠦ ᠬᠠᠰᠠᠷ ᠬᠡᠯᠡᠭᠡᠳ ᠴᠢᠯᠭᠡᠷ ᠪᠥᠬᠡ ᠶ᠋ᠢᠨ ᠲᠠᠰᠤ ᠠᠳᠬᠤᠭᠰᠠᠨ ᠭᠠᠷ ᠡᠴᠡ ᠰᠡᠯᠡᠮ᠎ᠡ ᠪᠡᠨ ᠠᠷᠠᠢᠬᠠᠨ ᠰᠠᠯᠭᠠᠨ ᠠᠪᠤᠪᠠ᠃ ᠰᠠᠶᠢ ᠶ᠋ᠢᠨ ᠳᠣᠯᠣᠭᠠᠨ ᠪᠦᠭᠦᠳᠡ ᠳ᠋ᠤᠨᠢ ᠠᠢᠳᠠᠰ ᠲᠦᠷᠦᠭᠦᠯᠡᠭᠰᠡᠨ ᠴᠦ᠍ ᠪᠠᠰᠠ ᠲᠡᠮᠦᠵᠢᠨ ᠦ᠌ ᠪᠤᠷᠤᠭᠤ ᠭᠡᠵᠦ ᠬᠡᠯᠡᠵᠦ ᠵᠢᠷᠦᠬᠡᠯᠡᠭᠰᠡᠨ ᠦᠭᠡᠢ᠃ ᠭᠡᠪᠡᠴᠦ ᠬᠠᠰᠠᠷ ᠲᠡᠰᠦᠭᠰᠡᠨ ᠦᠭᠡᠢ᠂ ᠳᠠᠭᠤ ᠦᠭᠡᠢ ᠰᠠᠭᠤᠬᠤ ᠲᠡᠮᠦᠵᠢᠨ ᠢ᠋ ᠬᠠᠷᠠᠵᠤ᠂
— ᠵᠠᠯᠮ᠎ᠠ᠂ ᠪᠡᠯᠭᠦᠳᠡᠢ ᠲᠠ ᠨᠠᠷ ᠰᠣᠨᠣᠰ᠃ ᠡᠭᠦᠨ ᠡᠴᠡ ᠬᠣᠢᠰᠢ ᠲᠡᠮᠦᠵᠢᠨ ᠠᠬ᠎ᠠ ᠶ᠋ᠢ ᠭᠠᠷᠳᠠᠨ ᠲᠤᠯᠬᠤ ᠶ᠋ᠢ ᠪᠢ ᠬᠣᠷᠢᠭᠯᠠᠵᠤ ᠪᠠᠢᠨ᠎ᠠ᠃ ᠪᠤᠭᠤᠷᠴᠢ ᠬᠡᠳᠦᠭᠦᠯᠡ ᠠᠬ᠎ᠠ ᠶ᠋ᠢᠨ ᠡᠮᠦᠨ᠎ᠡ ᠡᠴᠡ ᠲᠤᠯᠵᠤ ᠪᠠᠢᠶ᠎ᠠ᠃ ᠮᠡᠳᠡᠪᠡ ᠤᠤ? ᠭᠡᠰᠡᠨ ᠳ᠋ᠦ᠍ ᠪᠦᠭᠦᠳᠡ ᠲᠣᠯᠣᠭᠠᠢ ᠳᠣᠬᠢᠨ ᠵᠥᠪᠰᠢᠶᠡᠷᠡᠪᠡ᠃ ᠲᠡᠮᠦᠵᠢᠨ ᠦᠭᠡ ᠳᠤᠤᠭᠠᠷᠤᠭᠰᠠᠨ ᠦᠭᠡᠢ᠃ ᠨᠥᠬᠥᠳ ᠨᠢ ᠲᠡᠭᠦᠨ ᠦ᠌ ᠰᠡᠳᠬᠢᠯ ᠢ᠋ ᠡᠮᠵᠡᠭᠯᠡᠭᠦᠯᠬᠦ ᠦᠭᠡᠢ ᠭᠡᠰᠡᠨ ᠳ᠋ᠡᠭᠡᠨ ᠰᠠᠮ ᠬᠣᠯᠠᠳᠤᠨ ᠶᠠᠪᠤᠵᠠᠭᠠᠪᠠ᠃ ᠣᠳᠣ ᠲᠡᠮᠦᠵᠢᠨ᠂ ᠴᠢᠯᠭᠡᠷ ᠪᠥᠬᠡ ᠶ᠋ᠢᠨ ᠬᠡᠭᠦᠷ ᠦ᠋ᠨ ᠳᠡᠷᠭᠡᠳᠡ ᠬᠣᠴᠣᠷᠪᠠ᠃
《ᠬᠥᠪᠡᠭᠦᠨ ᠲᠥᠷᠥᠪᠡᠯ ᠴᠢ ᠪᠤᠤ ᠠᠯᠠ》 ᠭᠡᠰᠡᠨ ᠦᠭᠡ ᠨᠢ ᠰᠠᠨᠠᠭᠳᠠᠨ᠎ᠠ᠃ ᠲᠡᠮᠦᠵᠢᠨ ᠲᠡᠭᠦᠨ ᠦ᠌ ᠡᠨᠡ ᠦᠭᠡ ᠶ᠋ᠢ ᠡᠷᠬᠡᠪᠰᠢ ᠬᠦᠨᠳᠦᠳᠬᠡᠵᠦ ᠪᠠᠢᠯ᠎ᠠ᠃《ᠭᠡᠪᠡᠴᠦ ᠪᠢᠳᠡ ᠨᠢᠭᠡᠨᠲᠡ ᠣᠷᠣᠢᠲᠠᠵᠤ ᠳᠠ》 ᠭᠡᠵᠦ ᠳᠣᠲᠣᠷ᠎ᠠ ᠪᠠᠨ ᠰᠢᠪᠡᠨᠡᠪᠡ᠃ ᠦᠨᠡᠬᠡᠷ ᠴᠢᠯᠭᠡᠷ ᠪᠥᠬᠡ ᠭᠡᠭᠴᠢ ᠡᠨᠡ ᠦᠢᠯᠡ ᠶ᠋ᠢᠨ ᠦᠷ᠎ᠡ ᠲᠡᠢ ᠮᠡᠷᠭᠢᠳ ᠵᠠᠯᠠᠭᠤ ᠪᠥᠷᠲᠡ ᠡᠴᠡ ᠬᠥᠪᠡᠭᠦᠨ ᠲᠦᠷᠦᠭᠡᠰᠡᠢ ᠭᠡᠵᠦ ᠴᠢᠩ ᠰᠡᠳᠬᠢᠯ ᠡᠴᠡ ᠬᠦᠰᠡᠵᠦ ᠪᠠᠢᠵᠠᠢ᠃ ᠭᠡᠪᠡᠴᠦ ᠲᠡᠷᠡ ᠥᠪᠡᠷ ᠦ᠋ᠨ ᠬᠦᠰᠡᠯ ᠢ᠋ ᠦᠵᠡᠵᠦ ᠴᠢᠳᠠᠭᠰᠠᠨ ᠦᠭᠡᠢ ᠦᠬᠦᠪᠡ᠃ ᠲᠩᠷᠢ ᠶ᠋ᠢᠨ ᠲᠠᠭᠠᠯᠠᠯ ᠳ᠋ᠤ᠌ ᠨᠡᠢᠴᠡᠭᠡ ᠦᠭᠡᠢ᠂ ᠲᠡᠮᠦᠵᠢᠨ ᠦ᠌ ᠬᠦᠰᠡᠯ ᠦ᠋ᠨ ᠬᠠᠷᠢᠭᠤ ᠡᠨᠡ ᠪᠠᠢᠵᠠᠢ᠃ ᠶᠠᠮᠠᠷ ᠴᠤ᠌ ᠪᠣᠯᠪᠠ ᠲᠡᠮᠦᠵᠢᠨ ᠪᠦᠬᠦᠨ ᠢ᠋ ᠥᠪᠡᠷ ᠦ᠋ᠨ ᠢ᠋ᠶ᠋ᠡᠨ ᠤᠬᠠᠭᠠᠨ ᠢ᠋ᠶ᠋ᠠᠷ ᠰᠢᠢᠳᠪᠡ᠃ ᠴᠢᠯᠭᠡᠷ ᠪᠥᠬᠡ ᠲᠡᠢ ᠬᠣᠶᠠᠭᠤᠯᠠᠬᠠᠨ ᠢ᠋ᠶ᠋ᠠᠨ ᠨᠢᠭᠤᠷ ᠲᠤᠯᠤᠭᠰᠠᠨ ᠪᠣᠯ ᠲᠡᠷᠡ ᠡᠳᠦᠷ ᠲᠦ᠍ ᠬᠡᠭᠦᠷ ᠪᠣᠯᠤᠨ ᠬᠡᠪᠲᠡᠬᠦ ᠪᠠᠢᠭᠰᠠᠨ ᠢ᠋ᠶ᠋ᠠᠨ ᠰᠡᠳᠬᠢᠯ ᠳ᠋ᠡᠭᠡᠨ ᠵᠥᠪᠰᠢᠶᠡᠷᠡᠵᠦ ᠪᠠᠢᠯ᠎ᠠ᠃ ᠥᠪᠡᠷ ᠡᠴᠡ ᠪᠡᠨ ᠬᠦᠴᠦ ᠢᠯᠡᠭᠦᠦ ᠳᠠᠢᠰᠤᠨ ᠲᠠᠢ ᠬᠠᠷ᠎ᠠ ᠵᠣᠷᠢᠭ ᠢ᠋ᠶ᠋ᠠᠷ᠂ ᠨᠢᠭᠤᠷ ᠲᠤᠯᠤᠨ ᠬᠠᠯᠵᠠ ᠦᠵᠡᠯᠴᠡᠬᠦ ᠨᠢ ᠠᠮᠢᠨ ᠳ᠋ᠤ᠌ ᠬᠦᠷᠬᠦ ᠠᠶᠤᠯᠲᠠᠢ ᠶ᠋ᠢ ᠭᠣᠣᠯ ᠳ᠋ᠠᠭᠠᠨ ᠣᠷᠣᠲᠠᠯ᠎ᠠ ᠣᠢᠯᠠᠭᠠᠵᠤ ᠪᠠᠰᠠ ᠭᠡᠮᠰᠢᠵᠦ ᠰᠠᠭᠤᠪᠠ᠃ ᠰᠠᠶᠢ ᠶ᠋ᠢᠨ ᠬᠣᠶᠠᠷ ᠬᠣᠨᠣᠭ ᠲᠤ᠌ ᠪᠣᠯᠵᠤ ᠥᠩᠭᠡᠷᠡᠭᠰᠡᠨ ᠶᠠᠪᠤᠳᠠᠯ ᠢ᠋ ᠣᠳᠣᠬᠠᠨ ᠳ᠋ᠠᠭᠠᠨ ᠲᠡᠮᠦᠵᠢᠨ ᠳ᠋ᠦᠩᠨᠡᠬᠦ ᠴᠡᠩᠨᠡᠬᠦ ᠴᠢᠳᠠᠯ ᠦᠭᠡᠢ ᠪᠠᠢᠯ᠎ᠠ᠃ ᠭᠡᠪᠡᠴᠦ ᠥᠨᠥᠳᠥᠷ ᠴᠢᠯᠭᠡᠷ ᠪᠥᠬᠡ ᠲᠡᠳᠡᠨ ᠦ᠌ ᠬᠣᠭᠣᠷᠣᠨᠳᠣ ᠪᠣᠯᠤᠭᠰᠠᠨ ᠬᠡᠷᠡᠭ ᠢ᠋ ᠬᠡᠵᠢᠶ᠎ᠡ ᠴᠦ᠍ ᠬᠡᠨ ᠳ᠋ᠦ᠍ ᠴᠦ᠍ ᠢᠯᠡᠴᠢᠯᠡᠨ ᠵᠠᠳᠠᠯᠬᠤ ᠥᠬᠡᠢ ᠪᠠᠢᠬᠤ ᠠᠮᠠ ᠲᠠᠩᠭᠠᠷᠢᠭ ᠢ᠋ ᠬᠠᠰᠠᠷ᠂ ᠪᠡᠯᠭᠦᠳᠡᠢ᠂ ᠵᠡᠯᠮ᠎ᠡ ᠭᠤᠷᠪᠠ ᠡᠴᠡ ᠠᠪᠤᠭᠰᠠᠨ ᠤ᠋ ᠡᠴᠦᠰ ᠲᠦ᠍ ᠪᠠᠭ᠎ᠠ ᠪᠣᠯᠪᠠᠴᠤ ᠲᠠᠢᠪᠤᠰᠢᠷᠠᠵᠤ ᠪᠣᠳᠣᠯ ᠰᠠᠨᠠᠭ᠎ᠠ ᠪᠠᠨ ᠴᠡᠭᠴᠡᠯᠡᠬᠦ ᠶ᠋ᠢ ᠣᠷᠣᠯᠳᠣᠪᠠ᠃ ᠲᠡᠮᠦᠵᠢᠨ ᠥᠪᠡᠷ ᠦ᠋ᠨ ᠰᠤᠯᠠ ᠳᠣᠷᠣᠢ ᠪᠠᠢᠳᠠᠯ ᠢ᠋ ᠬᠥᠮᠦᠨ ᠳ᠋ᠦ᠍ ᠮᠡᠳᠡᠭᠳᠡᠬᠦ ᠶ᠋ᠢ ᠦᠯᠦ ᠬᠦᠰᠡᠵᠡᠢ᠃ ᠲᠡᠮᠦᠵᠢᠨ ᠬᠡᠳᠦᠢ ᠪᠡᠷ ᠴᠢᠯᠭᠡᠷ ᠪᠥᠬᠡ ᠳ᠋ᠦ᠍ ᠳᠡᠢᠯᠦᠭᠳᠡᠭᠰᠡᠨ ᠳ᠋ᠡᠭᠡᠨ ᠬᠣᠷᠣᠰᠤᠨ ᠰᠢᠨᠠᠯᠤᠭᠰᠠᠭᠠᠷ ᠪᠠᠢᠭᠰᠠᠨ ᠪᠣᠯᠪᠠᠴᠤ ᠬᠠᠷᠢᠨ ᠨᠥᠬᠥᠳ ᠨᠢ ᠣᠯᠤᠭᠰᠠᠨ᠂ ᠦᠵᠡᠭᠰᠡᠨ ᠢᠯᠠᠯᠲᠠ ᠳ᠋ᠠᠭᠠᠨ ᠰᠡᠳᠬᠢᠯ ᠳᠦᠭᠦᠷᠡᠩ ᠪᠠᠶᠠᠷᠲᠠᠢ ᠪᠤᠯᠵᠠᠭᠠᠭᠰᠠᠨ ᠲᠤᠯᠠ ᠲᠡᠮᠦᠵᠢᠨ ᠦ᠌ ᠬᠡᠯᠡᠭᠰᠡᠨ ᠪᠣᠯᠭᠠᠨ ᠢ᠋ ᠦᠭᠡ ᠳᠠᠭᠤ ᠦᠭᠡᠢ ᠬᠦᠯᠢᠶᠡᠨ ᠵᠥᠪᠰᠢᠶᠡᠷᠡᠵᠡᠢ᠃ ᠲᠡᠳᠡ ᠪᠦᠬᠦ ᠨᠢᠭᠤᠴᠠ ᠶ᠋ᠢ ᠡᠭᠦᠷᠢᠳᠡ ᠪᠠᠲᠤ ᠬᠠᠳᠠᠭᠠᠯᠠᠬᠤ ᠳ᠋ᠤ᠌ ᠪᠡᠯᠡᠨ ᠪᠠᠢᠪᠠ᠃ ᠡᠨᠡ ᠲᠠᠩᠭᠠᠷᠢᠭ ᠲᠡᠮᠦᠵᠢᠨ ᠦ᠌ ᠳᠠᠯᠳᠠ᠂ ᠨᠢᠭᠤᠴᠠ ᠲᠡᠦᠬᠡ ᠶ᠋ᠢᠨ ᠡᠬᠢᠯᠡᠯ ᠪᠣᠯᠪᠠ᠃
ᠬᠡᠷᠪᠡ ᠪᠥᠷᠲᠡ ᠪᠡᠶ᠎ᠡ ᠳᠠᠪᠬᠤᠷ ᠪᠣᠯᠤᠭ᠎ᠠ ᠦᠭᠡᠢ ᠰᠠᠨ ᠪᠣᠯ ᠭᠤᠨᠢᠵᠤ᠂ ᠰᠢᠨᠠᠯᠬᠤ ᠬᠡᠷᠡᠭ ᠦᠨᠡᠬᠡᠷ ᠦᠭᠡᠢ ᠪᠠᠢᠯ᠎ᠠ᠃ ᠮᠡᠷᠭᠢᠳ ᠲᠡᠢ ᠬᠢᠭᠰᠡᠨ ᠲᠤᠯᠤᠯᠳᠤᠭᠠᠨ ᠳ᠋ᠤ᠌ ᠶᠠᠮᠠᠷ ᠴᠤ᠌ ᠪᠠᠢᠭᠰᠠᠨ ᠮᠣᠩᠭᠣᠯ ᠤ᠋ᠨ ᠲᠠᠯ᠎ᠠ ᠨᠤᠲᠤᠭ ᠤ᠋ᠨ ᠬᠣᠶᠠᠷ ᠲᠣᠮᠣ ᠠᠢᠮᠠᠭ ᠬᠡᠷᠡᠢᠳ᠂ ᠵᠠᠳᠠᠷᠠᠨ ᠢ᠋ ᠥᠪᠡᠷ ᠦ᠋ᠨ ᠬᠣᠯᠪᠣᠭᠠᠲᠠᠨ ᠢ᠋ᠶ᠋ᠠᠨ ᠪᠣᠯᠭᠠᠵᠤ ᠴᠢᠳᠠᠪᠠ᠃ ᠪᠤᠯᠢᠶᠠᠭᠳᠠᠭᠰᠠᠨ ᠡᠬᠡᠨᠡᠷ ᠢ᠋ᠶ᠋ᠡᠨ ᠪᠤᠴᠠᠭᠠᠨ ᠠᠪᠴᠤ ᠨᠡᠷ᠎ᠡ ᠪᠦᠲᠦᠨ ᠪᠣᠯᠪᠠ᠃ ᠲᠠᠷᠠᠵᠤ ᠪᠤᠲᠠᠷᠠᠭᠰᠠᠨ ᠪᠣᠷᠵᠢᠭᠢᠨ ᠠᠢᠮᠠᠭ ᠤ᠋ᠨ ᠠᠯᠪᠠᠲᠤ ᠨᠤᠭᠤᠳ ᠨᠢ ᠲᠡᠭᠦᠨ ᠦ᠌ ᠬᠡᠨ ᠪᠣᠯᠬᠤ ᠶ᠋ᠢ ᠮᠡᠳᠡᠪᠡ᠃ ᠬᠠᠰᠠᠷ ᠳᠡᠭᠦᠦ ᠶ᠋ᠢᠨ ᠢ᠋ᠶ᠋ᠡᠨ ᠭᠠᠪᠰᠢᠭᠠᠢ ᠬᠥᠳᠡᠯᠦᠭᠰᠡᠨ ᠦ᠌ ᠬᠦᠴᠦᠨ ᠳ᠋ᠦ᠍ ᠴᠢᠯᠭᠡᠷ ᠪᠥᠬᠡ ᠶ᠋ᠢᠨ ᠰᠡᠯᠡᠮ᠎ᠡ ᠡᠴᠡ ᠠᠪᠤᠷᠠᠭᠳᠠᠨ ᠠᠮᠢᠳᠤ ᠦᠯᠡᠳᠡᠪᠡ᠃ ᠪᠠᠰᠠ ᠪᠥᠷᠲᠡ ᠶ᠋ᠢᠨ ᠬᠡᠦᠬᠡᠳ ᠢ᠋ ᠬᠡᠷᠬᠢᠬᠦ ᠪᠡᠨ ᠰᠢᠢᠳᠪᠡ᠃ ᠲᠡᠷᠡ ᠬᠡᠦᠬᠡᠳ ᠠᠮᠢᠳᠤ ᠦᠯᠡᠳᠡᠪᠡᠯ ᠡᠬᠡᠨᠡᠷ ᠢ᠋ᠶ᠋ᠡᠨ ᠪᠤᠰᠤᠳ ᠲᠤ᠌ ᠪᠤᠯᠢᠶᠠᠯᠭᠠᠭᠰᠠᠨ ᠭᠠᠰᠢᠭᠤᠨ ᠲᠡᠦᠬᠡ ᠶ᠋ᠢᠨ ᠭᠡᠷᠡᠴᠢ ᠪᠣᠯᠵᠤ᠂ ᠣᠯᠠᠨ ᠤ᠋ ᠨᠢᠳᠦᠨ ᠳᠡᠭᠡᠷ᠎ᠡ ᠰᠠᠨᠠᠭᠤᠯᠤᠭᠰᠠᠭᠠᠷ ᠪᠠᠢᠬᠤ ᠲᠤᠯᠠ ᠲᠡᠭᠦᠨ ᠢ᠋ ᠠᠮᠢᠳᠤ ᠦᠯᠡᠳᠡᠭᠡᠬᠦ ᠰᠢᠯᠲᠠᠭ ᠣᠯᠳᠠᠬᠤ ᠦᠭᠡᠢ ᠪᠠᠢᠯ᠎ᠠ᠃ ᠪᠥᠷᠲᠡ ᠳ᠋ᠦ᠍ ᠬᠡᠴᠡᠭᠦᠦ ᠪᠠᠢᠵᠤ ᠮᠡᠳᠡᠨ᠎ᠡ᠃ ᠭᠡᠪᠡᠴᠦ ᠲᠡᠷᠡ ᠡᠭᠦᠨ ᠢ᠋ ᠲᠡᠰᠬᠦ ᠶᠣᠰᠣᠲᠠᠢ᠃ ᠲᠡᠮᠦᠵᠢᠨ ᠦ᠌ ᠨᠡᠷ᠎ᠡ ᠲᠥᠷᠥ ᠶ᠋ᠢ ᠬᠠᠮᠠᠭᠠᠯᠠᠬᠤ ᠡᠭᠦᠳᠡᠨ ᠡᠴᠡ ᠪᠥᠷᠲᠡ ᠡᠬᠡ ᠬᠥᠮᠦᠨ ᠦ᠌ ᠬᠤᠪᠢ ᠳ᠋ᠤ᠌ ᠲᠡᠰᠬᠦ ᠶᠣᠰᠣᠲᠠᠢ ᠭᠡᠵᠦ ᠰᠢᠢᠳᠦᠭᠰᠡᠨ ᠪᠢᠯᠡ᠃ ᠮᠠᠭᠠᠳ ᠦᠭᠡᠢ ᠪᠥᠷᠲᠡ ᠲᠡᠷᠡ ᠬᠡᠦᠬᠡᠳ ᠢ᠋ᠶ᠋ᠡᠨ ᠦᠬᠦᠬᠦ ᠶ᠋ᠢ ᠬᠦᠰᠡᠵᠦ ᠪᠣᠢ ᠴᠤ᠌ ᠪᠠᠢᠵᠤ ᠮᠡᠳᠡᠨ᠎ᠡ ᠭᠡᠵᠦ ᠲᠡᠮᠦᠵᠢᠨ ᠥᠪᠡᠷ ᠢ᠋ ᠪᠡᠨ ᠴᠠᠭᠠᠳᠬᠠᠬᠤ ᠡᠭᠦᠳᠡᠨ ᠡᠴᠡ ᠪᠣᠳᠣᠵᠤ ᠪᠠᠢᠪᠠ᠃ ᠭᠡᠪᠡᠴᠦ ᠶᠠᠭᠠᠬᠢᠵᠤ ᠡᠨᠳᠡᠭᠦᠷᠡᠵᠦ ᠪᠠᠢᠭᠰᠠᠨ ᠢ᠋ᠶ᠋ᠠᠨ ᠬᠡᠳᠦ ᠬᠣᠨᠣᠭ ᠤ᠋ᠨ ᠳᠠᠷᠠᠭ᠎ᠠ ᠮᠡᠳᠡᠭᠰᠡᠨ ᠪᠢᠯᠡ᠃
ᠮᠡᠷᠭᠢᠳ ᠦ᠋ᠨ ᠰᠦᠢᠷᠡᠭᠰᠡᠨ ᠬᠦᠷᠢᠶ᠎ᠡ ᠶ᠋ᠢ ᠴᠥᠯᠮᠥᠵᠦ᠂ ᠡᠳ᠋ ᠠᠭᠤᠷᠠᠰᠤ ᠶ᠋ᠢ ᠠᠴᠢᠵᠤ᠂ ᠮᠠᠯ ᠰᠦᠷᠦᠭ ᠢ᠋ ᠲᠠᠭᠤᠵᠤ ᠣᠳᠤᠭᠰᠠᠨ ᠤ᠋ ᠳᠠᠷᠠᠭ᠎ᠠ ᠲᠣᠭᠣᠷᠢᠯ ᠬᠠᠨ ᠴᠡᠷᠢᠭ ᠢ᠋ᠶ᠋ᠡᠨ ᠠᠪᠴᠤ ᠲᠤᠤᠯᠠ ᠭᠣᠣᠯ ᠤ᠋ᠨ ᠬᠥᠮᠦᠨ ᠴᠢᠯᠠᠭᠤᠨ ᠤ᠋ ᠬᠥᠨᠳᠡᠢ ᠳ᠋ᠡᠬᠢ ᠥᠪᠡᠷ ᠦ᠋ᠨ ᠬᠦᠷᠢᠶ᠎ᠡ ᠤᠷᠤᠭᠤ ᠪᠤᠴᠠᠵᠠᠢ᠃ ᠣᠯᠵᠠ᠂ ᠢᠯᠠᠯᠲᠠ ᠳ᠋ᠠᠭᠠᠨ ᠪᠢᠯᠠᠭᠤᠷᠠᠭᠰᠠᠨ ᠲᠤᠭᠤᠷᠢᠯ ᠬᠠᠨ ᠤ᠋ ᠴᠡᠷᠢᠭ ᠦ᠋ᠨ ᠴᠤᠪᠤᠭ᠎ᠠ ᠴᠠᠳᠬᠤᠯᠠᠩ ᠦᠬᠡᠷ ᠮᠣᠭᠠᠢ ᠰᠢᠭ᠋ ᠬᠥᠳᠡᠯᠵᠦ ᠶᠠᠳᠠᠨ᠂ ᠡᠪᠬᠡᠷᠦᠭᠰᠡᠭᠡᠷ ᠬᠣᠯᠠᠳᠤᠨ ᠣᠳᠬᠤ ᠶ᠋ᠢ ᠲᠡᠮᠦᠵᠢᠨ ᠬᠠᠷᠠᠵᠤ ᠵᠣᠭᠰᠣᠯ᠎ᠠ᠃ ᠬᠠᠷᠢᠨ ᠵᠠᠮᠤᠬ᠎ᠠ᠂ ᠲᠡᠮᠦᠵᠢᠨ ᠬᠣᠶᠠᠷ ᠪᠠᠭ᠎ᠠ ᠳ᠋ᠠᠭᠠᠨ ᠲᠠᠯᠪᠢᠭᠰᠠᠨ ᠠᠨᠳᠠ ᠶ᠋ᠢᠨ ᠲᠠᠩᠭᠠᠷᠢᠭ ᠢ᠋ᠶ᠋ᠠᠨ ᠪᠠᠲᠤᠯᠠᠵᠤ᠂ ᠨᠢᠭᠡ ᠳᠣᠣᠷ᠎ᠠ ᠠᠮᠢᠳᠤᠷᠠᠨ ᠰᠠᠭᠤᠬᠤ ᠪᠠᠷ ᠲᠣᠬᠢᠷᠠᠭᠠᠳ ᠤᠨᠤᠨ ᠭᠣᠣᠯ ᠤ᠋ᠨ ᠬᠣᠷᠬᠣᠨᠠᠭ ᠵᠠᠪᠤᠷ ᠤ᠋ᠨ ᠬᠥᠨᠳᠡᠢ ᠶ᠋ᠢ ᠴᠢᠭᠯᠡᠨ ᠶᠠᠪᠤᠪᠠ᠃ ᠡᠨᠡ ᠶᠠᠪᠤᠳᠠᠯ ᠢ᠋ ᠥᠭᠡᠯᠦᠨ ᠡᠬᠡ ᠳ᠋ᠡᠭᠡᠨ ᠮᠡᠳᠡᠭᠳᠡᠬᠦ ᠪᠡᠷ ᠵᠠᠯᠮ᠎ᠠ᠂ ᠬᠠᠰᠠᠷ ᠬᠣᠶᠠᠷ ᠢ᠋ ᠶᠠᠭᠠᠷᠠᠪᠴᠢᠯᠠᠨ ᠢᠯᠡᠭᠡᠪᠡ᠃ ᠥᠭᠡᠯᠦᠨ ᠡᠬᠡ ᠤᠳᠠᠯ ᠦᠭᠡᠢ ᠬᠣᠷᠬᠣᠨᠠᠭ ᠵᠠᠪᠤᠷ ᠤ᠋ᠨ ᠬᠥᠨᠳᠡᠢ ᠳ᠋ᠦ᠍ ᠨᠡᠭᠦᠨ ᠣᠴᠢᠵᠠᠢ᠃ ᠲᠡᠮᠦᠵᠢᠨ᠂ ᠵᠠᠮᠤᠬ᠎ᠠ ᠬᠣᠶᠠᠷ ᠵᠠᠮ ᠳ᠋ᠠᠭᠠᠨ ᠶᠠᠭᠠᠷᠠᠯ ᠦᠭᠡᠢ ᠠᠮᠠᠷᠠᠵᠤ ᠲᠤᠬᠠᠯᠠᠭᠰᠠᠭᠠᠷ ᠰᠠᠷ᠎ᠠ ᠶ᠋ᠢᠨ ᠳᠠᠷᠠᠭ᠎ᠠ ᠢᠷᠡᠬᠦ ᠳ᠋ᠦ᠍ ᠰᠢᠨ᠎ᠡ ᠪᠠᠭᠤᠷᠢᠨ ᠳ᠋ᠠᠬᠢ ᠭᠡᠷ ᠦ᠋ᠨ ᠭᠠᠳᠠᠨ᠎ᠠ ᠪᠥᠷᠲᠡ ᠥᠭᠡᠯᠦᠨ ᠡᠬᠡ ᠶ᠋ᠢᠨ ᠬᠠᠮᠲᠤ ᠤᠭᠲᠤᠪᠠ᠃ ᠥᠭᠡᠯᠦᠨ ᠡᠬᠡ ᠪᠥᠷᠲᠡ ᠶ᠋ᠢᠨ ᠲᠥᠷᠥᠭᠦᠯᠦᠭᠰᠡᠨ ᠰᠢᠨ᠎ᠡ ᠬᠥᠮᠦᠨ ᠢ᠋ ᠲᠡᠪᠡᠷᠢᠭᠰᠡᠨ ᠪᠠᠢᠵᠠᠢ᠃ ᠲᠡᠮᠦᠵᠢᠨ ᠡᠭᠦᠨ ᠢ᠋ ᠬᠠᠷᠠᠭᠠᠳ ᠡᠬᠢᠯᠡᠭᠡᠳ ᠨᠢᠳᠦᠨ ᠳ᠋ᠡᠭᠡᠨ ᠢᠲᠡᠭᠡᠭᠰᠡᠨ ᠦᠭᠡᠢ᠃
ᠬᠡᠷᠡᠢᠳ ᠪᠣᠯᠤᠨ ᠵᠠᠳᠠᠷᠠᠨ ᠠᠢᠮᠠᠭ ᠨᠢᠭᠡᠳᠦᠨ ᠮᠡᠷᠭᠢᠳ ᠠᠢᠮᠠᠭ ᠢ᠋ ᠳᠣᠪᠲᠣᠯᠤᠨ ᠬᠠᠭᠠᠰ ᠬᠤᠪᠢ ᠶ᠋ᠢ ᠨᠢ ᠪᠤᠯᠢᠶᠠᠨ ᠠᠪᠤᠭᠰᠠᠨ ᠰᠤᠷᠠᠭ ᠲᠡᠷᠡ ᠳᠣᠣᠷ᠎ᠠ ᠪᠠᠨ ᠯᠠ ᠮᠣᠩᠭᠣᠯ ᠠᠢᠮᠠᠭ ᠤ᠋ᠳ ᠤ᠋ᠨ ᠨᠤᠲᠤᠭᠯᠠᠬᠤ ᠠᠯᠲᠠᠢ ᠶ᠋ᠢᠨ ᠨᠢᠷᠤᠭᠤ ᠶ᠋ᠢᠨ ᠴᠢᠨᠠᠳᠤ ᠡᠴᠡ ᠠᠯᠲᠠᠨ ᠤᠯᠤᠰ ᠢ᠋ ᠬᠦᠷᠲᠡᠯ᠎ᠡ ᠳᠠᠷᠤᠵᠤ ᠡᠭᠦᠨ ᠲᠡᠢ ᠴᠣᠭ ᠪᠣᠷᠵᠢᠭᠢᠨ ᠠᠢᠮᠠᠭ ᠤ᠋ᠨ ᠵᠠᠯᠠᠭᠤ ᠲᠣᠯᠣᠭᠠᠢᠯᠠᠭᠴᠢ
ᠲᠡᠮᠦᠵᠢᠨ ᠦ᠌ ᠨᠡᠷ᠎ᠡ ᠲᠦᠭᠡᠨ ᠪᠦᠭᠦᠳᠡ ᠶ᠋ᠢᠨ ᠴᠢᠬᠢ ᠶ᠋ᠢ ᠳᠡᠯᠳᠡᠢᠯᠭᠡᠵᠦ᠂ ᠰᠡᠳᠬᠢᠯ ᠢ᠋ ᠭᠡᠵᠢᠭᠡᠳᠡᠵᠡᠢ᠃ ᠨᠡᠩ ᠢᠯᠠᠩᠭᠤᠶ᠎ᠠ ᠲᠡᠢᠨ ᠦ᠌ ᠣᠯᠵᠠᠨ ᠡᠴᠡ ᠲᠠᠲᠠᠭᠠᠯᠵᠠᠨ ᠬᠡᠷᠡᠢᠳ ᠠᠢᠮᠠᠭ ᠤ᠋ᠨ ᠲᠣᠭᠣᠷᠢᠯ ᠬᠠᠨ ᠲᠠᠢ ᠠᠶᠤᠮᠰᠢᠭ ᠦᠭᠡᠢ ᠵᠥᠷᠢᠴᠡᠯᠳᠦᠭᠰᠡᠨ ᠵᠠᠯᠠᠭᠤ ᠲᠡᠮᠦᠵᠢᠨ ᠦ᠌ ᠵᠣᠷᠢᠭ᠂ ᠬᠡᠢ ᠮᠣᠷᠢ ᠶ᠋ᠢᠨ ᠲᠤᠬᠠᠢ ᠳᠣᠮᠣᠭ ᠰᠢᠭ᠋ ᠶᠠᠷᠢᠶ᠎ᠠ ᠠᠮᠠᠨ ᠡᠴᠡ ᠠᠮᠠ ᠳᠠᠮᠵᠢᠨ ᠡᠨᠡ ᠲᠤᠯᠤᠯᠳᠤᠭᠠᠨ ᠤ᠋ ᠲᠡᠦᠬᠡ ᠶ᠋ᠢᠨ ᠭᠣᠣᠯ ᠴᠢᠮᠡᠭ ᠪᠣᠯᠵᠤ ᠪᠠᠢᠯ᠎ᠠ᠃ ᠲᠡᠮᠦᠵᠢᠨ ᠲᠠᠷᠠᠵᠤ ᠪᠤᠲᠠᠷᠠᠭᠰᠠᠨ ᠪᠣᠷᠵᠢᠭᠢᠨ ᠠᠢᠮᠠᠭ ᠤ᠋ᠨ ᠬᠢᠨ ᠦ᠌ ᠲᠡᠳᠦᠢ ᠦᠭᠡᠢ ᠰᠦᠢᠷᠡᠵᠦ ᠣᠯᠵᠠᠯᠠᠭᠳᠠᠭᠰᠠᠨ ᠮᠡᠷᠭᠢᠳ ᠠᠢᠮᠠᠭ ᠤ᠋ᠨ ᠬᠢᠨ ᠦ᠌ ᠳᠤᠮᠳᠠ ᠴᠤ᠌ ᠴᠢᠩ ᠰᠢᠳᠤᠷᠭᠤ᠂ ᠳᠠᠢᠴᠢᠨ ᠡᠷ᠎ᠡ ᠶ᠋ᠢᠨ ᠦᠯᠢᠭᠡᠷ ᠪᠣᠯᠤᠨ ᠶᠠᠷᠢᠭᠳᠠᠵᠠᠢ᠃
ᠲᠠᠯ᠎ᠠ ᠶ᠋ᠢᠨ ᠨᠡᠭᠦᠳᠡᠯᠴᠢᠨ ᠠᠢᠮᠠᠭ ᠤ᠋ᠳ ᠬᠠᠮᠤᠭ ᠤ᠋ᠨ ᠡᠷᠡᠮᠡᠬᠡᠢ ᠵᠣᠷᠢᠭᠲᠠᠢ ᠨᠢᠭᠡᠨ ᠢ᠋ᠶ᠋ᠡᠨ ᠲᠣᠳᠣᠷᠠᠭᠤᠯᠤᠨ ᠲᠡᠭᠦᠨ ᠦ᠌ ᠢᠪᠡᠭᠡᠯ ᠬᠠᠮᠠᠭᠠᠯᠠᠯ ᠳᠣᠣᠷ᠎ᠠ ᠨᠢᠭᠡᠳᠦᠨ ᠠᠮᠢᠳᠤᠷᠠᠬᠤ ᠪᠣᠯᠪᠠᠴᠤ ᠰᠣᠩᠭᠣᠭᠰᠠᠨ ᠲᠣᠯᠣᠭᠠᠢᠯᠠᠭᠴᠢ ᠨᠢ ᠬᠠᠷᠭᠢᠰ ᠬᠡᠷᠴᠡᠭᠡᠢ᠂ ᠰᠢᠨᠤᠬᠠᠢ ᠳᠠᠷᠤᠯᠠᠭᠴᠢ ᠪᠠᠢᠬᠤ ᠨᠢ ᠨᠢᠭᠡᠨᠲᠡ ᠡᠯᠪᠡᠭ ᠲᠤᠯᠠ ᠰᠣᠩᠭᠣᠭᠰᠠᠨ ᠤᠳᠤᠷᠢᠳᠤᠭᠴᠢ ᠡᠴᠡ ᠪᠠᠨ ᠰᠠᠯᠤᠨ ᠲᠤᠰᠠᠭᠠᠷᠯᠠᠬᠤ ᠬᠦᠰᠡᠯ ᠦᠷᠭᠦᠯᠵᠢ ᠪᠡᠯᠡᠨ ᠪᠠᠢᠬᠤ ᠪᠥᠯᠥᠭᠡ᠃ ᠠᠢᠮᠠᠭ᠂ ᠣᠪᠣᠭ ᠪᠦᠷᠢ ᠤᠬᠠᠭᠠᠨᠲᠠᠢ᠂ ᠬᠦᠴᠦᠲᠡᠢ᠂ ᠥᠭᠭᠢᠶᠡᠮᠦᠷ᠂ ᠡᠨᠡᠷᠢᠩᠭᠦᠢ ᠰᠢᠨ᠎ᠡ ᠤᠳᠤᠷᠢᠳᠤᠭᠴᠢ ᠶ᠋ᠢᠨ ᠮᠥᠩᠬᠡ ᠶ᠋ᠢᠨ ᠡᠷᠢᠯ ᠳ᠋ᠦ᠍ ᠠᠮᠢᠳᠤᠷᠠᠨ᠎ᠠ᠃ ᠪᠠᠰᠠ ᠥᠪᠡᠷ ᠢ᠋ ᠪᠡᠨ ᠵᠣᠷᠢᠭᠲᠠᠢ᠂ ᠡᠷ᠎ᠡ ᠴᠢᠳᠠᠯᠲᠠᠢ ᠳ᠋ᠤ᠌ ᠲᠣᠭᠠᠴᠠᠬᠤ ᠪᠠᠭᠠᠲᠤᠷ ᠡᠷ᠎ᠡ ᠪᠦᠬᠦᠨ ᠪᠢᠴᠢᠬᠠᠨ ᠴᠤ᠌ ᠭᠡᠯᠡ ᠤᠳᠤᠷᠢᠳᠤᠭᠴᠢ ᠶ᠋ᠢᠨ ᠪᠠᠢᠷᠢ ᠰᠠᠭᠤᠷᠢ ᠶ᠋ᠢ ᠡᠵᠡᠯᠡᠬᠦ ᠶ᠋ᠢᠨ ᠲᠥᠯᠥᠭᠡ ᠮᠦᠩᠬᠡᠲᠡ ᠥᠷᠢᠰᠦᠯᠳᠦᠵᠦ ᠪᠡᠶ᠎ᠡ ᠪᠡᠶ᠎ᠡ ᠶ᠋ᠢ ᠬᠥᠨᠥᠭᠡᠭᠰᠡᠭᠡᠷ ᠢᠷᠡᠭᠰᠡᠨ ᠠᠵᠢ᠃ ᠶᠢᠰᠦᠭᠡᠢ ᠪᠠᠭᠠᠲᠤᠷ ᠤ᠋ᠨ ᠦᠬᠦᠯ ᠡᠴᠡ ᠬᠣᠢᠰᠢ ᠥᠪᠡᠷ ᠦ᠋ᠨ ᠰᠠᠳᠤᠨ ᠲᠥᠷᠥᠯ ᠴᠦ᠍ ᠶᠤᠮ ᠤᠤ᠂ ᠬᠠᠮᠠᠭᠠᠯᠠᠵᠤ ᠴᠢᠳᠠᠨ᠎ᠠ ᠭᠡᠵᠦ ᠨᠠᠢᠳᠠᠭᠰᠠᠨ ᠬᠡᠨ ᠨᠢᠭᠡᠨ ᠢ᠋ ᠳᠠᠭᠠᠨ ᠡᠨᠳᠡ ᠲᠡᠨᠳᠡ ᠲᠠᠷᠬᠠᠭᠰᠠᠨ ᠪᠣᠷᠵᠢᠭᠢᠨ ᠠᠢᠮᠠᠭ ᠤ᠋ᠨ ᠬᠢᠨ᠂ ᠶᠠᠭᠤᠨ ᠤ᠋ ᠲᠦᠷᠦᠭᠦᠨ ᠶᠢᠰᠦᠭᠡᠢ ᠶ᠋ᠢᠨ ᠬᠠᠮᠢᠶᠠᠲᠠᠨ᠂ ᠬᠠᠭᠤᠴᠢᠨ ᠠᠯᠪᠠᠲᠤ ᠪᠣᠭᠣᠯ ᠤ᠋ᠳ ᠨᠢ ᠡᠷᠭᠢᠨ ᠢᠷᠡᠬᠦ ᠪᠣᠯᠤᠭᠰᠠᠨ ᠨᠢ ᠲᠡᠮᠦᠵᠢᠨ ᠦ᠌ ᠵᠣᠷᠢᠭᠯᠠᠨ ᠲᠥᠯᠥᠪᠯᠡᠭᠰᠡᠨ ᠢ᠋ᠶ᠋ᠡᠷ ᠬᠢᠭᠳᠡᠭᠰᠡᠨ ᠠᠩᠬᠠᠨ ᠤ᠋ ᠳᠣᠯᠣᠭᠠᠨ ᠤ᠋ ᠬᠠᠮᠤᠭ ᠤ᠋ᠨ ᠲᠣᠮᠣ ᠣᠯᠵᠠ ᠪᠠᠢᠪᠠ᠃ ᠡᠬᠡ ᠪᠣᠯᠤᠭᠠᠳ ᠳᠡᠭᠦᠦ ᠨᠠᠷ ᠨᠢ ᠲᠡᠮᠦᠵᠢᠨ ᠢ᠋ ᠪᠠᠬᠠᠳᠤᠨ ᠪᠢᠰᠢᠷᠡᠵᠦ ᠪᠠᠢᠯ᠎ᠠ᠃ ᠲᠡᠮᠦᠵᠢᠨ ᠦ᠌ ᠭᠡᠷ ᠪᠦᠯᠢ ᠳᠠᠬᠢᠭᠠᠳ ᠯᠠ ᠠᠯᠪᠠᠲᠤ ᠬᠠᠷᠠᠴᠤ᠂ ᠠᠭᠲᠠ ᠮᠣᠷᠢ ᠲᠠᠢ ᠪᠣᠯᠵᠤ᠂ ᠠᠩᠬ᠎ᠠ ᠤᠳᠠᠭ᠎ᠠ ᠲᠡᠮᠦᠵᠢᠨ ᠥᠪᠡᠷ ᠦ᠋ᠨ ᠮᠠᠲᠠᠯ ᠳ᠋ᠤ᠌ ᠬᠠᠭᠠᠰ ᠲᠦᠮᠡᠨ ᠴᠡᠷᠢᠭ ᠳᠠᠢᠴᠢᠯᠠᠬᠤ ᠪᠣᠯᠤᠮᠵᠢ ᠪᠦᠷᠢᠳᠦᠯ᠎ᠡ᠃ ᠲᠡᠮᠦᠵᠢᠨ ᠢ᠋ ᠶᠡᠷᠦ ᠡᠢᠮᠦ ᠬᠡᠷᠰᠡᠦ ᠤᠬᠠᠭᠠᠨ ᠭᠠᠷᠭᠠᠨ᠎ᠠ ᠭᠡᠵᠦ ᠬᠡᠨ ᠴᠦ᠍ ᠰᠠᠨᠠᠭ᠎ᠠ ᠦᠭᠡᠢ ᠪᠢᠯᠡ᠃ ᠣᠯᠠᠨ ᠪᠦᠭᠦᠳᠡᠭᠡᠷ ᠬᠢᠵᠠᠭᠠᠷ ᠦᠭᠡᠢ ᠶᠡᠬᠡ ᠪᠠᠶᠠᠷ ᠵᠢᠷᠭᠠᠯ ᠳ᠋ᠤ᠌ ᠠᠪᠲᠠᠵᠠᠢ᠃ ᠬᠠᠷᠢᠨ ᠡᠨᠡ ᠪᠠᠶᠠᠷ ᠪᠠᠶᠠᠰᠬᠤᠯᠠᠩ ᠳᠤᠮᠳᠠ ᠲᠡᠮᠦᠵᠢᠨ ᠦ᠌ ᠭᠡᠷ ᠲᠦ᠍ ᠴᠢᠯᠭᠡᠷ ᠪᠥᠬᠡ ᠶ᠋ᠢᠨ ᠬᠥᠪᠡᠭᠦᠨ ᠥᠰᠴᠦ ᠲᠣᠷᠨᠢᠵᠤ ᠪᠠᠢᠯ᠎ᠠ᠃ ᠪᠥᠷᠲᠡ ᠶ᠋ᠢᠨ ᠲᠥᠷᠥᠭᠦᠯᠦᠭᠰᠡᠨ ᠬᠡᠦᠬᠡᠳ ᠬᠥᠪᠡᠭᠦᠨ ᠪᠠᠢᠭᠰᠠᠨ ᠨᠢ ᠦᠬᠦᠵᠦ ᠦᠷᠡᠭᠳᠡᠭᠰᠡᠨ ᠴᠢᠯᠭᠡᠷ ᠪᠥᠬᠡ ᠶ᠋ᠢᠨ ᠬᠦᠰᠡᠯ ᠢ᠋ ᠲᠩᠷᠢ ᠳᠠᠭᠠᠯᠠᠭᠰᠠᠨ ᠬᠡᠷᠡᠭ ᠪᠣᠯᠵᠠᠢ᠃ ᠪᠥᠷᠲᠡ ᠶ᠋ᠢᠨ ᠬᠡᠦᠬᠡᠳ ᠢ᠋ ᠠᠯᠠᠭᠰᠠᠨ ᠦᠭᠡᠢ ᠳ᠋ᠦ᠍ ᠪᠤᠭᠤᠷᠴᠢ ᠶ᠋ᠢ ᠲᠡᠮᠦᠵᠢᠨ ᠶᠡᠷᠦ ᠵᠢᠮᠡᠯᠡᠭᠰᠡᠨ ᠦᠭᠡᠢ᠃ ᠪᠦᠷ ᠶᠠᠭᠠᠬᠢᠭᠠᠳ ᠢᠩᠭᠢᠬᠦ ᠪᠣᠯᠤᠭᠰᠠᠨ ᠤ᠋ ᠤᠴᠢᠷ ᠢ᠋ ᠲᠡᠮᠦᠵᠢᠨ ᠬᠥᠮᠦᠨ ᠦ᠌ ᠤᠷᠮᠠᠨ ᠳ᠋ᠤ᠌ ᠰᠡᠬᠦᠵᠦ ᠠᠰᠠᠭᠤᠭᠰᠠᠨ ᠦᠭᠡᠢ ᠳ᠋ᠦ᠍ ᠪᠤᠭᠤᠷᠴᠢ ᠡᠬᠢᠯᠡᠭᠡᠳ ᠭᠠᠢᠬᠠᠨ ᠠᠯᠮᠠᠢᠷᠠᠵᠠᠢ᠃ ᠬᠡᠷᠪᠡ ᠠᠰᠠᠭᠤᠭᠰᠠᠨ ᠪᠣᠯ ᠪᠥᠷᠲᠡ ᠶ᠋ᠢᠨ ᠬᠡᠦᠬᠡᠳ ᠢ᠋ ᠠᠮᠢᠳᠤ ᠦᠯᠡᠳᠡᠭᠡᠭᠰᠡᠨ ᠢ᠋ᠶ᠋ᠡᠨ ᠥᠮᠥᠭᠯᠡᠬᠦ ᠰᠢᠯᠲᠠᠭ ᠪᠤᠭᠤᠷᠴᠢ ᠳ᠋ᠤ᠌ ᠪᠠᠢᠭ᠎ᠠ ᠦᠭᠡᠢ ᠴᠦ᠍ ᠪᠠᠰᠠ ᠡᠨᠡ ᠬᠡᠦᠬᠡᠳ ᠢ᠋ ᠠᠮᠢᠳᠤ ᠦᠯᠡᠳᠡᠭᠡᠭᠰᠡᠨ ᠳ᠋ᠡᠭᠡᠨ ᠣᠭᠲᠣ ᠬᠠᠷᠠᠮᠰᠠᠬᠤ ᠦᠭᠡᠢ ᠪᠠᠢᠵᠠᠢ᠃ ᠲᠡᠷᠡ ᠪᠦᠦ ᠬᠡᠯᠡ ᠲᠡᠮᠦᠵᠢᠨ ᠠᠭᠤᠷᠰᠠᠨ ᠬᠢᠯᠢᠩᠨᠡᠵᠦ ᠡᠯᠳᠡᠪ ᠬᠡᠷᠡᠭᠦᠯ ᠡᠭᠦᠰᠬᠡᠪᠡᠯ ᠶᠠᠮᠠᠷ ᠪᠣᠯᠪᠠᠴᠤ ᠪᠥᠷᠲᠡ ᠶ᠋ᠢᠨ ᠬᠡᠦᠬᠡᠳ ᠢ᠋ ᠬᠠᠮᠠᠭᠠᠯᠠᠨ᠎ᠠ ᠭᠡᠵᠦ ᠬᠠᠲᠠᠭᠤ ᠰᠢᠢᠳᠦᠭᠰᠡᠨ ᠪᠢᠯᠡ᠃ ᠢᠩᠭᠢᠬᠦ ᠨᠢ ᠬᠡᠳᠦᠢ ᠣᠰᠤᠯᠲᠠᠢ᠂ ᠪᠦᠷ ᠥᠪᠡᠷ ᠦ᠋ᠨ ᠢ᠋ᠶ᠋ᠡᠨ ᠠᠮᠢ ᠶ᠋ᠢ ᠠᠯᠳᠠᠬᠤ ᠳ᠋ᠤ᠌ ᠴᠤ᠌ ᠬᠦᠷᠴᠦ ᠮᠡᠳᠡᠬᠦ ᠪᠠᠢᠭᠰᠠᠨ ᠴᠤ᠌ ᠪᠤᠭᠤᠷᠴᠢ ᠥᠪᠡᠷ ᠦ᠋ᠨ ᠰᠢᠢᠳᠪᠦᠷᠢ ᠡᠴᠡ ᠤᠬᠤᠷᠢᠬᠤ ᠶ᠋ᠢ ᠬᠦᠰᠡᠭᠰᠡᠨ ᠦᠭᠡᠢ᠃ ᠭᠡᠲᠡᠯ᠎ᠡ ᠲᠡᠮᠦᠵᠢᠨ ᠥᠪᠡᠷ ᠦ᠋ᠨ ᠨᠢᠭᠤᠴᠠ ᠵᠠᠷᠯᠢᠭ ᠢ᠋ ᠣᠷᠣ ᠲᠠᠰᠤ ᠮᠠᠷᠲᠠᠭᠰᠠᠨ ᠮᠡᠲᠦ ᠪᠠᠢᠭᠰᠠᠨ ᠨᠢ ᠪᠤᠭᠤᠷᠴᠢ ᠳ᠋ᠤ᠌ ᠠᠪᠤᠷᠠᠯ ᠪᠣᠯᠵᠠᠢ᠃ ᠲᠡᠮᠦᠵᠢᠨ ᠦ᠌ ᠡᠯ᠎ᠡ ᠬᠠᠴᠢᠨ ᠠᠭᠠᠰᠢ ᠶ᠋ᠢᠨ ᠤᠴᠢᠷ ᠢ᠋ ᠪᠤᠭᠤᠷᠴᠢ ᠣᠯᠤᠭᠰᠠᠨ ᠦᠭᠡᠢ᠃
ᠬᠠᠷᠢᠨ ᠲᠡᠮᠦᠵᠢᠨ ᠲᠡᠷᠡ ᠬᠡᠦᠬᠡᠳ ᠦ᠋ᠨ ᠲᠤᠬᠠᠢ ᠬᠣᠷᠣᠮ ᠴᠤ᠌ ᠮᠠᠷᠲᠠᠭᠰᠠᠨ ᠦᠭᠡᠢ ᠠᠵᠢ ᠃ ᠲᠡᠭᠦᠨ ᠢ᠋ ᠢᠯᠠᠭᠴᠢ ᠪᠠᠭᠠᠲᠤᠷ ᠤ᠋ᠨ ᠶᠣᠰᠣᠭᠠᠷ ᠪᠠᠬᠠᠷᠬᠠᠯ ᠬᠦᠨᠳᠦᠳᠬᠡᠯ ᠳᠦᠭᠦᠷᠡᠩ ᠤᠭᠲᠤᠨ ᠠᠪᠤᠭᠰᠠᠨ ᠥᠭᠡᠯᠦᠨ ᠪᠣᠯᠤᠭᠠᠳ ᠪᠥᠷᠲᠡ ᠶ᠋ᠢ ᠬᠠᠷᠠᠮᠠᠭᠴᠠ ᠲᠡᠷᠡ ᠦᠶ᠎ᠡ ᠳ᠋ᠡᠭᠡᠨ ᠲᠡᠮᠦᠵᠢᠨ ᠲᠤᠯᠭᠠᠮᠳᠠᠵᠤ ᠨᠡᠷᠡᠯᠬᠡᠭᠡᠳ ᠡᠨᠡ ᠲᠤᠬᠠᠢ ᠶᠠᠷᠢᠶ᠎ᠠ ᠥᠳᠥᠭᠡᠵᠦ ᠲᠥᠪᠳᠡᠭᠰᠡᠨ ᠦᠭᠡᠢ ᠪᠢᠯᠡ᠃ ᠲᠡᠭᠡᠭᠡᠳ ᠴᠦ᠍ ᠪᠥᠷᠲᠡ ᠶ᠋ᠢᠨ ᠲᠥᠷᠥᠭᠦᠯᠦᠭᠰᠡᠨ ᠬᠡᠦᠬᠡᠳ ᠢ᠋ ᠥᠭᠡᠯᠦᠨ ᠡᠬᠡ ᠨᠢ ᠡᠩᠬᠦᠷᠡᠢ ᠳᠣᠲᠣᠨᠣ ᠪᠠᠷ ᠲᠡᠪᠡᠷᠢᠨ ᠵᠣᠭᠰᠣᠭᠰᠠᠨ ᠨᠢ ᠶᠠᠭᠠᠬᠢᠪᠠᠴᠤ ᠡᠨᠡ ᠬᠡᠦᠬᠡᠳ ᠢ᠋ ᠠᠯᠠᠵᠤ ᠪᠣᠯᠬᠤ ᠦᠭᠡᠢ ᠭᠡᠳᠡᠭ ᠢ᠋ ᠲᠡᠮᠦᠵᠢᠨ ᠳ᠋ᠦ᠍ ᠰᠢᠭᠤᠳ ᠣᠢᠯᠠᠭᠠᠭᠤᠯᠤᠭᠰᠠᠨ ᠂ ᠪᠠᠰᠠ ᠥᠭᠡᠯᠦᠨ ᠡᠬᠡ ᠶ᠋ᠢᠨ ᠵᠦᠭ ᠡᠴᠡ ᠲᠤᠯᠭᠠᠵᠤ ᠱᠠᠭᠠᠷᠳᠠᠭᠰᠠᠨ ᠬᠡᠷᠡᠭ ᠪᠠᠢᠪᠠ ᠃ ᠲᠡᠮᠦᠵᠢᠨ ᠡᠭᠦᠨ ᠢ᠋ ᠶᠠᠭᠠᠬᠢᠵᠤ ᠣᠢᠯᠠᠭᠠᠬᠤ ᠦᠭᠡᠢ ᠪᠠᠢᠬᠤ ᠪᠢᠯᠡ ᠃ ᠬᠡᠷᠪᠡ ᠲᠡᠭᠦᠨ ᠦ᠌ ᠬᠡᠯᠡᠭᠰᠡᠨ ᠢ᠋ᠶ᠋ᠡᠷ ᠪᠤᠭᠤᠷᠴᠢ ᠡᠨᠡ ᠬᠡᠦᠬᠡᠳ ᠢ᠋ ᠵᠠᠮ ᠳ᠋ᠠᠭᠠᠨ ᠬᠥᠨᠥᠭᠡᠭᠰᠡᠨ ᠪᠣᠯ ᠣᠳᠣ ᠴᠣᠬᠣᠮ ᠶᠠᠭᠤ ᠪᠣᠯᠬᠤ ᠪᠠᠢᠭᠰᠠᠨ ᠢ᠋ ᠲᠡᠮᠦᠵᠢᠨ ᠲᠥᠰᠦᠭᠡᠯᠡᠨ ᠪᠣᠳᠣᠭᠠᠳ ᠥᠪᠡᠷ ᠦ᠋ᠨ ᠡᠷᠬᠡ ᠦᠭᠡᠢ ᠪᠣᠭᠤᠷᠴᠢ ᠳ᠋ᠤ᠌ ᠪᠠᠶᠠᠷᠯᠠᠵᠠᠢ ᠃ ᠬᠡᠷᠪᠡ ᠭᠠᠢ ᠪᠣᠯᠵᠤ ᠪᠥᠷᠲᠡ ᠶ᠋ᠢᠨ ᠬᠡᠦᠬᠡᠳ ᠢ᠋ ᠬᠥᠨᠥᠭᠡᠭᠰᠡᠨ ᠪᠣᠯ ᠲᠡᠮᠦᠵᠢᠨ ᠥᠭᠡᠯᠦᠨ ᠡᠬᠡ ᠶ᠋ᠢᠨ ᠢ᠋ᠶ᠋ᠡᠨ ᠳᠠᠢᠰᠤᠨ ᠪᠣᠯᠤᠨ ᠬᠤᠪᠢᠷᠠᠬᠤ ᠪᠠᠢᠭᠰᠠᠨ ᠢ᠋ᠶ᠋ᠠᠨ ᠮᠡᠳᠡᠵᠦ ᠪᠠᠢᠪᠠ ᠃
ᠲᠡᠷᠡ ᠰᠥᠨᠢ ᠲᠡᠮᠦᠵᠢᠨ ᠪᠥᠷᠲᠡ ᠬᠣᠶᠠᠷ ᠦᠯᠡᠳᠡᠭᠡᠳ ᠪᠡᠶ᠎ᠡ ᠪᠡᠶ᠎ᠡ ᠳ᠋ᠡᠭᠡᠨ ᠬᠦᠷᠴᠦ ᠴᠢᠳᠠᠬᠤ ᠦᠭᠡᠢ ᠤᠳᠠᠭᠠᠨ ᠰᠠᠭᠤᠵᠠᠭᠠᠪᠠ ᠃ ᠬᠠᠭᠠᠴᠠᠭᠰᠠᠨ ᠡᠴᠡ ᠬᠣᠢᠰᠢ ᠵᠢᠯ ᠰᠢᠬᠠᠮ ᠥᠩᠭᠡᠷᠡᠵᠦ ᠲᠡᠳᠡᠨ ᠦ᠌ ᠬᠠᠮᠲᠤ ᠶ᠋ᠢᠨ ᠠᠮᠢᠳᠤᠷᠠᠯ ᠳᠠᠬᠢᠨ ᠡᠬᠢᠯᠡᠵᠦ ᠪᠠᠢᠯ᠎ᠠ ᠃ ᠨᠢᠷᠠᠢᠯᠠᠵᠤ ᠂ ᠲᠡᠩᠬᠡᠭᠡᠷᠡᠵᠦ ᠠᠮᠵᠢᠭ᠎ᠠ ᠦᠭᠡᠢ ᠬᠡᠳᠦᠢ ᠴᠦ᠍ ᠪᠥᠷᠲᠡ ᠶ᠋ᠢᠨ ᠲᠥᠷᠥᠯᠬᠢ ᠶ᠋ᠢᠨ ᠭᠤᠸ᠎ᠠ ᠦᠵᠡᠰᠬᠦᠯᠡᠩ ᠤᠯᠠᠮ ᠲᠣᠳᠣᠷᠠᠭᠠᠳ ᠬᠤᠪᠴᠠᠰᠤ ᠪᠠᠷ ᠨᠡᠪᠲᠡ ᠭᠡᠷᠡᠯᠲᠦᠨ ᠪᠠᠢᠬᠤ ᠨᠢ ᠲᠡᠮᠦᠵᠢᠨ ᠦ᠌ ᠲᠡᠪᠴᠢᠶᠡᠷᠢ ᠶ᠋ᠢ ᠨᠢᠭᠡᠨᠲᠡ ᠪᠠᠷᠠᠭᠳᠠᠭᠤᠯᠵᠤ ᠳᠤᠷ᠎ᠠ ᠲᠠᠴᠢᠶᠠᠯ ᠢ᠋ ᠨᠢ ᠠᠰᠠᠭᠠᠨ ᠪᠠᠳᠠᠷᠠᠭᠠᠭᠰᠠᠨ ᠲᠤᠯᠠ ᠲᠡᠷᠡ ᠬᠠᠢᠷᠠᠲᠠᠢ ᠪᠥᠷᠲᠡ ᠶ᠋ᠢ ᠪᠡᠨ ᠲᠡᠪᠡᠷᠢᠨ ᠠᠪᠴᠠᠢ ᠃ ᠵᠥᠪᠬᠡᠨ ᠲᠡᠮᠦᠵᠢᠨ ᠦ᠌ ᠢᠩᠭᠢᠬᠦ ᠶ᠋ᠢ ᠬᠠᠮᠤᠭ ᠪᠡᠶ᠎ᠡ ᠰᠡᠳᠬᠢᠯ ᠢ᠋ᠶ᠋ᠡᠷ ᠢ᠋ᠶ᠋ᠡᠨ ᠲᠡᠰᠴᠦ ᠶᠠᠳᠠᠨ ᠬᠦᠯᠢᠶᠡᠵᠦ ᠪᠠᠢᠭᠰᠠᠨ ᠪᠥᠷᠲᠡ ᠶ᠋ᠢᠨ ᠳᠤᠷ᠎ᠠ ᠬᠦᠰᠡᠯ ᠳ᠋ᠦ᠍ ᠬᠢᠵᠠᠭᠠᠷ ᠪᠠᠢᠭᠰᠠᠨ ᠦᠭᠡᠢ᠃ ᠲᠡᠳᠡ ᠬᠣᠶᠠᠭᠤᠯᠠ ᠶᠠᠭ ᠯᠠ ᠠᠩᠬᠠᠨ ᠤ᠋ ᠰᠥᠨᠢ ᠶ᠋ᠢᠨ ᠬᠢ ᠰᠢᠭ ᠭᠠᠯᠵᠠᠭᠤᠷᠠᠭᠰᠠᠨ ᠲᠠᠴᠢᠶᠠᠯ ᠳ᠋ᠤ᠌ ᠠᠪᠲᠠᠵᠤ ᠲᠦᠳᠡᠯ ᠦᠭᠡᠢ ᠪᠥᠷᠲᠡ ᠳᠤᠷ᠎ᠠ ᠬᠦᠰᠡᠯ ᠨᠢ ᠬᠠᠩᠬᠤ ᠳ᠋ᠠᠭᠠᠨ ᠲᠥᠷᠥᠯᠬᠢ ᠵᠠᠩ ᠢ᠋ᠶ᠋ᠠᠷ ᠪᠠᠬᠠᠷᠳᠠᠨ ᠬᠠᠰᠬᠢᠷᠤᠭᠠᠳ ᠤᠬᠠᠭᠠᠨ ᠠᠯᠲᠠᠨ ᠤᠨᠠᠪᠠ᠃ ᠪᠦᠬᠦ ᠵᠦᠢᠯ ᠥᠭᠡᠷᠡᠴᠢᠯᠡᠭᠳᠡᠭᠡ ᠦᠭᠡᠢ ᠮᠡᠲᠦ ᠪᠣᠯᠤᠭᠠᠳ ᠲᠡᠮᠦᠵᠢᠨ ᠪᠥᠷᠲᠡ ᠶ᠋ᠢᠨ ᠨᠢᠴᠦᠭᠦᠨ ᠪᠡᠶ᠎ᠡ ᠶ᠋ᠢ ᠰᠢᠷᠳᠡᠨ ᠰᠠᠭᠤᠵᠠᠢ ᠃ ᠪᠥᠷᠲᠡ ᠬᠠᠭᠤᠴᠢᠨ ᠡᠴᠡ ᠶᠡᠬᠡ ᠤᠳᠠᠵᠤ ᠰᠡᠷᠡᠬᠦ ᠰᠢᠭ ᠰᠠᠨᠠᠭᠳᠠᠪᠠ ᠃
— ᠪᠢ ᠤᠬᠠᠭᠠᠨ ᠠᠯᠳᠠᠭᠰᠠᠨ ᠤᠤ? ᠭᠡᠵᠦ ᠪᠥᠷᠲᠡ ᠢᠴᠢᠩᠭᠦᠷᠡᠨ ᠰᠢᠪᠡᠭᠡᠨᠡᠵᠦ ᠲᠡᠮᠦᠵᠢᠨ ᠦ᠌ ᠲᠣᠯᠣᠭᠠᠢ ᠲᠣᠬᠢᠬᠤ ᠶ᠋ᠢ ᠦᠵᠡᠮᠡᠭᠴᠡ ᠲᠡᠭᠦᠨ ᠳ᠋ᠦ᠍ ᠭᠡᠨᠡᠨ ᠢᠲᠡᠭᠡᠮᠡᠲᠡᠭᠡᠢ ᠪᠡᠷ ᠡᠷᠬᠡᠯᠡᠨ ᠨᠠᠭᠠᠯᠳᠤᠵᠤ ᠂
—ᠪᠢ ᠴᠢᠮ᠎ᠠ ᠡᠴᠡ ᠬᠠᠭᠠᠴᠠᠭᠰᠠᠨ ᠡᠴᠡ ᠬᠣᠢᠰᠢ ᠶᠡᠷᠦ ᠢᠩᠭᠢᠵᠦ ᠤᠬᠠᠭᠠᠨ ᠠᠯᠳᠠᠭᠰᠠᠨ ᠦᠭᠡᠢ ᠭᠡᠵᠦ ᠢᠯᠳᠠᠮ ᠡᠩᠬᠦᠷᠡᠢ ᠪᠡᠷ ᠢᠨᠢᠶᠡᠮᠰᠦᠭᠯᠡᠵᠡᠢ ᠃ ᠭᠡᠲᠡᠯ᠎ᠡ ᠲᠡᠭᠦᠨ ᠦ᠌ ᠡᠨᠡ ᠢᠯᠠᠨ ᠳᠠᠯᠠᠨ ᠦᠭᠡᠢ ᠦᠭᠡᠨ ᠳ᠋ᠦ᠍ ᠲᠡᠮᠦᠵᠢᠨ ᠦ᠌ ᠰᠠᠨᠠᠭ᠎ᠠ ᠰᠡᠳᠬᠢᠯ ᠦ᠋ᠨ ᠳᠣᠲᠣᠷ᠎ᠠ ᠤᠳᠠᠵᠤ ᠪᠠᠢᠭᠰᠠᠨ ᠭᠣᠮᠣᠳᠠᠯ ᠬᠣᠷᠣᠰᠤᠯ ᠤ᠋ᠨ ᠲᠦᠮᠡᠨ ᠮᠣᠭᠠᠢ ᠠᠲᠤᠷᠢᠯᠳᠤᠨ ᠰᠡᠷᠡᠵᠦ ᠵᠢᠷᠦᠬᠡ ᠶ᠋ᠢ ᠨᠢ ᠬᠣᠣᠷᠲᠤ ᠬᠡᠯᠡ ᠪᠡᠷ ᠢ᠋ᠶ᠋ᠡᠨ ᠬᠠᠳᠬᠤᠨ ᠡᠪᠡᠳᠬᠡᠭᠰᠡᠨ ᠳ᠋ᠦ᠍ ᠲᠡᠷᠡ ᠭᠡᠨᠡᠳᠲᠡ ᠪᠠᠴᠢᠭᠤᠷᠠᠨ ᠤᠬᠠᠭᠠᠨ ᠢ᠋ᠶ᠋ᠠᠨ ᠠᠯᠳᠠᠭᠠᠳ ᠪᠥᠷᠲᠡ ᠶ᠋ᠢᠨ ᠤᠷᠲᠤ ᠦᠰᠦ ᠶ᠋ᠢ ᠭᠠᠷ ᠲᠠᠭᠠᠨ ᠣᠷᠢᠶᠠᠨ ᠠᠳᠬᠤᠵᠤ ᠦᠰᠲᠡᠨ ᠳᠠᠢᠰᠤᠨ ᠢ᠋ᠶ᠋ᠠᠨ ᠵᠠᠨᠤᠨ ᠵᠠᠯᠬᠠᠭᠠᠬᠤ ᠮᠡᠲᠦ ᠲᠡᠭᠦᠨ ᠢ᠋ ᠨᠡᠪᠰᠢᠷᠡᠲᠡᠯ᠎ᠡ ᠪᠠᠯᠪᠠᠵᠠᠢ᠃ ᠬᠠᠷᠢᠨ ᠭᠠᠢᠬᠠᠯᠲᠠᠢ ᠨᠢ ᠪᠥᠷᠲᠡ ᠶᠠᠭ ᠢᠩᠭᠢᠨ᠎ᠡ ᠭᠡᠵᠦ ᠮᠡᠳᠡᠵᠦ ᠪᠠᠢᠭᠰᠠᠨ ᠮᠡᠲᠦ ᠡᠨᠡ ᠭᠡᠨᠡᠳᠲᠡ ᠶ᠋ᠢᠨ ᠵᠣᠳᠤᠭᠤᠷᠢ ᠶ᠋ᠢ ᠭᠠᠭᠴᠠ ᠴᠤ᠌ ᠤᠳᠠᠭ᠎ᠠ ᠶᠣ ᠭᠡᠰᠡᠨ ᠦᠭᠡᠢ ᠲᠡᠰᠴᠦ ᠥᠩᠭᠡᠷᠡᠭᠡᠵᠡᠢ᠃ ᠰᠡᠳᠬᠢᠯ ᠦ᠋ᠨ ᠮᠤᠬᠤᠷ ᠲᠤ᠌ ᠬᠤᠷᠠᠮᠳᠤᠯᠠᠭᠳᠠᠭᠰᠠᠨ ᠥᠰᠢᠶ᠎ᠡ ᠬᠣᠷᠣᠰᠤᠯ ᠂ᠰᠢᠨᠠᠯᠤᠯ ᠳ᠋ᠠᠭᠠᠨ ᠰᠢᠲᠠᠭᠰᠠᠨ ᠲᠡᠮᠦᠵᠢᠨ ᠪᠥᠷᠲᠡ ᠶ᠋ᠢ ᠠᠯᠠᠴᠢᠬᠠᠵᠤ ᠮᠡᠳᠡᠬᠦ ᠪᠠᠢᠪᠠ᠃ ᠭᠡᠲᠡᠯ᠎ᠡ ᠬᠡᠦᠬᠡᠳ ᠭᠡᠨᠡᠳᠲᠡ ᠰᠣᠴᠢᠨ ᠰᠡᠷᠡᠭᠡᠳ ᠠᠶᠤᠵᠤ ᠲᠦᠭᠰᠢᠨ ᠤᠴᠢᠷ ᠦᠭᠡᠢ ᠪᠠᠷᠬᠢᠷᠠᠭᠰᠠᠨ ᠳ᠋ᠤ᠌ ᠲᠡᠮᠦᠵᠢᠨ ᠰᠠᠶᠢ ᠨᠢᠭᠡ ᠶᠠᠭᠤᠮ᠎ᠠ ᠤᠬᠠᠭᠠᠨ ᠰᠡᠭᠡᠭᠡ ᠣᠷᠣᠵᠤ ᠪᠥᠷᠲᠡ ᠶ᠋ᠢ ᠣᠷᠬᠢᠵᠤ ᠬᠣᠯᠠᠳᠪᠠ᠃ ᠡᠬᠡ ᠶ᠋ᠢᠨ ᠢ᠋ᠶ᠋ᠡᠨ ᠬᠥᠬᠥ ᠶ᠋ᠢ ᠰᠢᠨᠤᠯᠲᠠᠢ ᠪᠠᠷ ᠬᠣᠪᠳᠣᠭᠯᠠᠨ ᠰᠣᠷᠣᠬᠤ ᠤᠯᠠᠭᠠᠨ ᠨᠢᠯᠵᠠᠷᠠᠢ ᠲᠡᠷᠡ ᠠᠮᠢᠲᠠᠨ ᠢ᠋ ᠲᠡᠮᠦᠵᠢᠨ ᠦᠨᠡᠨ ᠰᠡᠳᠬᠢᠯ ᠡᠴᠡ ᠪᠡᠨ ᠬᠣᠷᠣᠰᠤᠯᠲᠠᠢ ᠰᠢᠷᠲᠡᠵᠦ ᠰᠠᠭᠤᠭᠰᠠᠨ ᠢ᠋ᠶ᠋ᠠᠨ ᠥᠨᠥ ᠰᠥᠨᠢ ᠪᠥᠷᠲᠡ ᠲᠡᠷᠡ ᠬᠡᠦᠬᠡᠳ ᠡᠴᠡ ᠪᠡᠨ ᠶᠠᠭᠠᠬᠢᠪᠠᠴᠤ ᠬᠥᠨᠳᠡᠢᠷᠡᠬᠦ ᠦᠭᠡᠢ ᠶ᠋ᠢ ᠮᠡᠳᠡᠭᠡᠳ ᠳᠠᠷᠤᠢ ᠬᠤᠪᠴᠠᠰᠤᠯᠠᠨ ᠭᠠᠷᠴᠠᠢ᠃ ᠬᠦᠢᠲᠡᠨ ᠬᠠᠷᠠᠩᠭᠤᠢ ᠲᠩᠷᠢ ᠶ᠋ᠢᠨ ᠳᠣᠣᠷ᠎ᠠ ᠭᠠᠭᠴᠠᠭᠠᠷ ᠵᠣᠭᠰᠣᠵᠤ ᠪᠠᠢᠬᠤ ᠳ᠋ᠠᠭᠠᠨ ᠡᠨᠡ ᠴᠢᠯᠭᠡᠷ ᠪᠥᠬᠡ ᠶ᠋ᠢᠨ ᠬᠡᠦᠬᠡᠳ ᠲᠦ᠍ ᠪᠥᠷᠲᠡ ᠶ᠋ᠢ ᠪᠡᠨ ᠡᠭᠦᠷᠢᠳᠡ ᠠᠯᠳᠠᠭᠰᠠᠨ ᠮᠡᠲᠦ ᠬᠠᠷᠠᠭᠤᠰᠤᠯ ᠳ᠋ᠤ᠌ ᠡᠵᠡᠯᠡᠭᠳᠡᠭᠰᠡᠭᠡᠷ ᠪᠠᠢᠪᠠ᠃ ᠭᠡᠪᠡᠴᠦ ᠲᠡᠮᠦᠵᠢᠨ ᠳ᠋ᠦ᠍ ᠪᠥᠷᠲᠡ ᠶ᠋ᠢ ᠬᠥᠭᠡᠭᠡᠨ ᠶᠠᠪᠤᠭᠤᠯᠬᠤ ᠶᠤᠮ ᠤᠤ ᠲᠡᠭᠦᠨ ᠡᠴᠡ ᠬᠣᠯᠠᠳᠤᠨ ᠵᠠᠢᠯᠠᠬᠤ ᠭᠠᠵᠠᠷ ᠳᠠᠩᠴᠤ ᠪᠠᠢᠭᠰᠠᠨ ᠦᠭᠡᠢ᠃ ᠪᠥᠷᠲᠡ ᠶ᠋ᠢᠨ ᠡᠶᠡᠯᠳᠡᠭ ᠤᠷᠢᠨ ᠵᠠᠩ᠂ ᠡᠩᠬᠦᠷᠡᠢ ᠲᠠᠴᠢᠶᠠᠩᠭᠤᠢ ᠪᠡᠶ᠎ᠡ ᠳ᠋ᠦ᠍ ᠲᠠᠲᠠᠭᠳᠠᠨ ᠭᠡᠷ ᠲᠡᠭᠡᠨ ᠪᠤᠴᠠᠨ ᠣᠷᠣᠵᠠᠢ᠃ ᠰᠥᠨᠢ ᠪᠦᠷᠢ ᠪᠥᠷᠲᠡ ᠲᠡᠢ ᠢᠨᠠᠭᠯᠠᠨ ᠴᠡᠩᠭᠡᠬᠦ ᠳ᠋ᠡᠭᠡᠨ ᠮᠡᠷᠭᠢᠳ ᠦ᠋ᠨ ᠴᠢᠯᠭᠡᠷ ᠪᠥᠬᠡ ᠶ᠋ᠢᠨ ᠤᠳᠤᠮ ᠤ᠋ᠨ ᠪᠢᠴᠢᠬᠠᠨ ᠬᠥᠪᠡᠭᠦᠨ ᠦ᠌ ᠠᠮᠢᠰᠬᠤᠭ᠎ᠠ᠂ ᠬᠠᠷᠠᠴᠠ ᠶ᠋ᠢ ᠮᠡᠳᠡᠷᠡᠵᠦ ᠪᠣᠬᠢᠮᠳᠤᠬᠤ ᠳ᠋ᠠᠭᠠᠨ ᠳᠤᠷ᠎ᠠ ᠬᠠᠨᠵᠤ᠂ ᠬᠥᠯᠥᠰᠥ ᠬᠠᠲᠠᠭᠰᠠᠨ ᠬᠣᠢᠨ᠎ᠠ ᠪᠠᠨ ᠴᠣᠬᠣᠮ ᠶᠠᠭᠤᠨ ᠡᠴᠡ ᠴᠣ ᠶᠤᠮ ᠥᠰᠢᠶ᠎ᠡ ᠬᠣᠷᠣᠰᠤᠯ ᠢ᠋ᠶ᠋ᠠᠨ ᠲᠠᠢᠯᠬᠤ ᠭᠡᠰᠡᠨ ᠮᠡᠲᠦ ᠬᠥᠭᠡᠷᠦᠬᠦᠢ ᠪᠥᠷᠲᠡ ᠶ᠋ᠢ ᠬᠠᠢᠷ᠎ᠠ ᠨᠠᠢᠷ ᠦᠭᠡᠢ ᠪᠠᠯᠪᠠᠵᠤ᠂ ᠬᠣᠶᠠᠷ ᠬᠥᠬᠥ ᠶ᠋ᠢ ᠨᠢ ᠬᠥᠬᠡ ᠨᠢᠴᠠ ᠪᠣᠯᠲᠠᠯ᠎ᠠ ᠪᠠᠵᠠᠵᠤ ᠲᠠᠮᠤᠯᠠᠳᠠᠭ ᠪᠠᠢᠪᠠ᠃ ᠭᠡᠪᠡᠴᠦ ᠪᠥᠷᠲᠡ ᠬᠥᠮᠦᠨ ᠦ᠌ ᠤᠷᠮᠠᠨ ᠳ᠋ᠤ᠌ ᠶᠣ ᠴᠤ᠌ ᠭᠡᠵᠦ ᠳᠤᠤᠭᠠᠷᠬᠤ ᠦᠭᠡᠢ ᠰᠢᠳᠦ ᠵᠠᠭᠤᠨ ᠲᠡᠪᠴᠢᠳᠡᠭ ᠨᠢ ᠡᠴᠦᠰ ᠲᠡᠭᠡᠨ ᠲᠡᠮᠦᠵᠢᠨ ᠢ᠋ ᠲᠤᠢᠯᠳᠠᠵᠤ ᠶᠠᠳᠠᠷᠠᠬᠤ ᠳ᠋ᠤ᠌ ᠬᠦᠷᠭᠡᠵᠦ ᠲᠡᠷᠡ ᠪᠡᠷ ᠴᠥᠬᠥᠷᠡᠭᠰᠡᠨ ᠮᠡᠲᠦ ᠳᠡᠷᠡ ᠳ᠋ᠡᠭᠡᠨ ᠨᠢᠭᠤᠷ ᠢ᠋ᠶ᠋ᠠᠨ ᠰᠢᠭᠢᠳᠬᠡᠭᠡᠳ ᠭᠠᠰᠠᠯᠤᠨ ᠬᠡᠪᠲᠡᠬᠦ ᠳ᠋ᠦ᠍ ᠪᠥᠷᠲᠡ ᠲᠡᠭᠦᠨ ᠦ᠌ ᠨᠢᠴᠦᠭᠦᠨ ᠮᠥᠷᠦᠨ ᠳ᠋ᠦ᠍ ᠨᠢᠭᠤᠷ ᠢ᠋ᠶ᠋ᠠᠨ ᠨᠠᠭᠠᠭᠠᠳ ᠴᠢᠪ ᠴᠢᠮᠡᠭᠡ ᠦᠭᠡᠢ ᠮᠡᠭᠰᠢᠨ ᠤᠬᠢᠯᠠᠳᠠᠭ ᠪᠢᠯᠡ᠃ ᠲᠡᠮᠦᠵᠢᠨ ᠲᠡᠷᠡ ᠬᠥᠪᠡᠭᠦᠨ ᠢ᠋ ᠬᠥᠮᠦᠨ ᠭᠡᠵᠦ ᠲᠣᠭᠣᠵᠤ ᠬᠠᠷᠠᠬᠤ ᠡᠴᠡ ᠨᠢᠳᠦ ᠬᠣᠷᠣᠰᠳᠠᠭ᠂ ᠥᠪᠡᠷ ᠦ᠋ᠨ ᠣᠢᠷ᠎ᠠ ᠬᠡᠪᠲᠡᠭᠦᠯᠬᠦ ᠡᠴᠡ ᠴᠤ᠌ ᠴᠡᠭᠡᠷᠯᠡᠨ ᠵᠢᠭᠰᠢᠳᠡᠭ ᠪᠠᠢᠪᠠ᠂ ᠲᠡᠢᠮᠦ ᠴᠦ᠍ ᠤᠴᠢᠷ ᠡᠴᠡ ᠬᠥᠪᠡᠭᠦᠨ ᠳ᠋ᠦ᠍ ᠨᠡᠷ᠎ᠡ ᠥᠭᠭᠦᠭᠰᠡᠨ ᠦᠭᠡᠢ᠂ ᠥᠭᠭᠦᠨ᠎ᠡ ᠭᠡᠵᠦ ᠪᠣᠳᠣᠭᠰᠠᠨ ᠴᠤ᠌ ᠦᠭᠡᠢ᠃ ᠪᠥᠷᠲᠡ ᠴᠤ᠌ ᠡᠨᠡ ᠲᠠᠯ᠎ᠠ ᠪᠠᠷ ᠰᠡᠬᠦᠵᠦ ᠶᠠᠷᠢᠭᠰᠠᠨ ᠦᠭᠡᠢ᠃ ᠬᠠᠷᠢᠨ ᠥᠭᠡᠯᠦᠨ ᠡᠬᠡ ᠰᠢᠨ᠎ᠡ ᠬᠥᠪᠡᠭᠦᠨ ᠳ᠋ᠡᠭᠡᠨ ᠨᠡᠷ᠎ᠡ ᠥᠭᠬᠦ ᠶ᠋ᠢ ᠲᠤᠢᠯᠪᠤᠷᠢᠲᠠᠢ ᠬᠠᠲᠠᠭᠤ ᠱᠠᠭᠠᠷᠳᠠᠭᠰᠠᠭᠠᠷ ᠪᠠᠢᠭᠰᠠᠨ ᠳ᠋ᠤ᠌ ᠠᠷᠭ᠎ᠠ ᠪᠠᠨ ᠪᠠᠷᠠᠬᠤ ᠳ᠋ᠠᠭᠠᠨ
— ᠲᠠ ᠥᠪᠡᠷ ᠢ᠋ᠶ᠋ᠡᠨ ᠮᠡᠳᠡ ᠭᠡᠵᠡᠢ᠃
—ᠲᠡᠭᠡᠪᠡᠯ ᠵᠥᠴᠢ ᠭᠡᠵᠦ ᠨᠡᠷᠡᠯᠡᠶ᠎ᠡ ᠭᠡᠵᠦ ᠥᠭᠡᠯᠦᠨ ᠡᠬᠡ ᠬᠡᠯᠡᠪᠡ᠃ ᠡᠨᠡ ᠨᠢ ᠵᠣᠴᠢᠨ ᠭᠡᠰᠡᠨ ᠦᠭᠡ ᠪᠠᠢᠯ᠎ᠠ᠃ ᠡᠨᠡ ᠨᠡᠷ᠎ᠡ ᠲᠡᠮᠦᠵᠢᠨ ᠳ᠋ᠦ᠍ ᠲᠠᠭᠠᠯᠠᠭᠳᠠᠪᠠ᠃ ᠮᠡᠷᠭᠢᠳ ᠦ᠋ᠨ ᠴᠢᠯᠭᠡᠷ ᠪᠥᠬᠡ ᠶ᠋ᠢᠨ ᠬᠥᠪᠡᠭᠦᠨ ᠲᠡᠳᠡᠨ ᠦ᠌ ᠭᠡᠷ ᠦ᠋ᠨ ᠵᠣᠴᠢᠨ ᠪᠣᠯᠤᠭ ᠭᠡᠵᠦ ᠪᠣᠳᠣᠭᠠᠳ ᠲᠠᠢᠪᠤᠰᠢᠷᠠᠵᠤ ᠪᠥᠷᠲᠡ ᠶ᠋ᠢᠨ ᠬᠥᠪᠡᠭᠦᠨ ᠳ᠋ᠦ᠍ ᠵᠥᠴᠢ ᠭᠡᠳᠡᠭ ᠨᠡᠷ᠎ᠡ ᠥᠭᠪᠡ᠃ ᠵᠥᠴᠢ ᠨᠡᠷ᠎ᠡ ᠶ᠋ᠢ ᠡᠢᠨ ᠬᠦ᠌ ᠥᠭᠭᠦᠭᠰᠡᠨ ᠨᠢ ᠰᠢᠨ᠎ᠡ ᠬᠥᠪᠡᠭᠦᠨ ᠳ᠋ᠦ᠍ ᠲᠡᠮᠦᠵᠢᠨ ᠦ᠌ ᠭᠡᠷ ᠲᠦ᠍ ᠠᠮᠢᠳᠤᠷᠠᠬᠤ ᠡᠷᠬᠡ ᠣᠯᠭᠣᠭᠰᠠᠨ ᠬᠡᠷᠡᠭ ᠪᠣᠯᠪᠠ᠃ ᠬᠡᠳᠦᠢ ᠪᠡᠷ ᠵᠢᠵᠢᠭ ᠴᠤ᠌ ᠭᠡᠯᠡ ᠡᠨᠡ ᠶᠠᠪᠤᠳᠠᠯ ᠲᠡᠮᠦᠵᠢᠨ ᠦ᠌ ᠪᠥᠷᠲᠡ ᠳ᠋ᠦ᠍ ᠢᠯᠠᠭᠳᠠᠨ ᠪᠠᠭᠤᠵᠤ ᠦᠭᠭᠦᠭᠰᠡᠨ ᠦ᠌ ᠳᠣᠬᠢᠶ᠎ᠠ᠂ ᠪᠥᠷᠲᠡ ᠶ᠋ᠢᠨ ᠬᠠᠲᠠᠭᠤᠵᠢᠯᠲᠠᠢ ᠡᠷᠡᠮᠡᠬᠡᠢ ᠵᠠᠩ ᠢ᠋ ᠲᠩᠷᠢ ᠢᠪᠡᠭᠡᠭᠰᠡᠨ ᠬᠡᠷᠡᠭ ᠶᠤᠮ᠃ᠭᠠᠳᠠᠨ᠎ᠠ ᠡᠴᠡ ᠨᠢ ᠬᠠᠷᠠᠬᠤ ᠳ᠋ᠤ᠌ ᠠᠵᠠ ᠵᠢᠷᠭᠠᠯᠲᠠᠢ ᠮᠡᠲᠦ ᠪᠣᠯᠪᠠᠴᠤ ᠲᠡᠷᠡ ᠭᠤᠷᠪᠠ ᠲᠤᠢᠯ ᠤ᠋ᠨ ᠰᠢᠨᠠᠯᠤᠭᠠᠲᠤ ᠬᠠᠢᠷ᠎ᠠ ᠶ᠋ᠢᠨ ᠳᠤᠮᠳᠠ ᠠᠮᠢᠳᠤᠷᠠᠵᠤ ᠪᠠᠢᠯ᠎ᠠ᠃ ᠭᠡᠷ ᠦ᠋ᠨ ᠳᠣᠲᠣᠷᠠᠬᠢ ᠢᠯᠡ ᠳᠠᠯᠳᠠ ᠵᠣᠪᠠᠯᠠᠩ᠂ ᠰᠡᠳᠬᠢᠯ ᠦ᠋ᠨ ᠭᠦᠨ ᠳ᠋ᠡᠬᠢ ᠰᠢᠨᠠᠯᠤᠯ ᠬᠣᠷᠣᠰᠤᠯ ᠨᠢ ᠲᠡᠮᠦᠵᠢᠨ ᠢ᠋ ᠭᠡᠷ ᠲᠦ᠍ ᠲᠣᠭᠲᠠᠬᠤ ᠳ᠋ᠤ᠌ ᠪᠡᠷᠬᠡ ᠪᠣᠯᠭᠠᠬᠤ ᠳ᠋ᠤ᠌ ᠲᠡᠷᠡ ᠰᠠᠮ ᠬᠣᠯᠠ ᠣᠳᠴᠤ ᠡᠨᠡ ᠲᠡᠷᠡ ᠪᠦᠰᠡᠭᠦᠢ ᠶ᠋ᠢ ᠡᠳ᠋ᠯᠡᠨ ᠠᠭᠤᠷ ᠬᠣᠷᠣᠰᠤᠯ ᠢ᠋ᠶ᠋ᠠᠨ ᠲᠠᠢᠯᠳᠠᠭ ᠢ᠋ ᠪᠥᠷᠲᠡ ᠮᠡᠳᠡᠪᠡᠴᠦ ᠶᠠᠭᠤ ᠴᠤ᠌ ᠡᠰᠡ ᠳᠤᠤᠭᠠᠷᠤᠨ᠎ᠠ᠃ᠪᠥᠷᠲᠡ ᠵᠥᠴᠢ ᠬᠥᠪᠡᠭᠦᠨ ᠢ᠋ᠶ᠋ᠡᠨ ᠡᠮ᠎ᠡ ᠠᠷᠰᠯᠠᠨ ᠮᠡᠲᠦ ᠥᠮᠥᠭᠯᠡᠨ ᠬᠠᠮᠠᠭᠠᠯᠠᠬᠤ ᠲᠤᠯᠠ ᠥᠭᠡᠯᠦᠨ ᠪᠣᠯᠤᠭᠠᠳ ᠶᠡᠷᠦ ᠨᠢ ᠬᠡᠨ ᠪᠣᠯᠪᠠᠴᠤ ᠵᠥᠴᠢ ᠳ᠋ᠦ᠍ ᠶᠡᠬᠡ ᠠᠩᠬᠠᠷᠤᠯᠲᠠᠢ ᠬᠠᠨᠳᠤᠳᠠᠭ ᠪᠠᠢᠪᠠ᠃ᠬᠡᠷᠪᠡ ᠪᠥᠷᠲᠡ ᠪᠣᠯᠤᠭᠠᠳ ᠪᠢᠴᠢᠬᠠᠨ ᠵᠥᠴᠢ ᠬᠥᠪᠡᠭᠦᠨ ᠢ᠋ ᠥᠭᠡᠯᠦᠨ ᠡᠬᠡ ᠬᠠᠢᠷᠠᠯᠠᠨ ᠲᠡᠮᠵᠢᠭᠡ ᠦᠭᠡᠢ ᠪᠣᠯ ᠠᠵᠠ ᠦᠭᠡᠢ ᠬᠥᠪᠡᠭᠦᠨ ᠦ᠌ ᠬᠤᠪᠢ ᠳ᠋ᠤ᠌ ᠵᠠᠶᠠᠭ᠎ᠠ ᠶᠠᠭᠠᠬᠢᠵᠤ ᠡᠷᠭᠢᠬᠦ ᠶ᠋ᠢ ᠳᠠᠭᠠᠬᠤ ᠶ᠋ᠢᠨ ᠠᠷᠭ᠎ᠠ ᠦᠭᠡᠢ ᠶᠤᠮ᠃ᠲᠡᠮᠦᠵᠢᠨ ᠦ᠌ ᠵᠠᠩ ᠠᠭᠠᠰᠢ ᠶ᠋ᠢ ᠮᠡᠳᠡᠬᠦ ᠥᠭᠡᠯᠦᠨ ᠡᠬᠡ ᠨᠢ ᠵᠥᠴᠢ ᠶ᠋ᠢ ᠬᠠᠮᠠᠭᠠᠯᠠᠬᠤ ᠪᠣᠯᠤᠭᠰᠠᠨ ᠨᠢ ᠲᠡᠮᠦᠵᠢᠨ ᠦ᠌ ᠠᠶᠤᠮᠰᠢᠭᠲᠤ ᠦᠢᠯᠡᠳᠦᠯ ᠡᠴᠡ ᠰᠡᠷᠭᠡᠢᠯᠡᠵᠦ ᠪᠤᠭᠤᠷᠴᠢ ᠶ᠋ᠢ ᠬᠦᠷᠲᠡᠯ᠎ᠡ ᠬᠢᠵᠠᠭᠠᠷ ᠦᠭᠡᠢ ᠨᠢᠭᠦᠯ ᠡᠴᠡ ᠠᠪᠤᠷᠠᠭᠰᠠᠨ ᠪᠢᠯᠡ᠃ᠬᠡᠷᠪᠡ ᠲᠡᠮᠦᠵᠢᠨ ᠵᠥᠴᠢ ᠶ᠋ᠢ ᠬᠥᠨᠥᠭᠡᠭᠰᠡᠨ ᠪᠣᠯ ᠲᠡᠷᠡ ᠬᠡᠵᠢᠶ᠎ᠡ ᠴᠦ᠍ ᠥᠭᠡᠳᠡᠯᠡᠨ ᠳᠡᠪᠵᠢᠬᠦ ᠦᠭᠡᠢ ᠪᠠᠢᠭᠰᠠᠨ ᠢ᠋ ᠬᠠᠷᠢᠨ ᠬᠡᠨ ᠴᠦ᠍ ᠮᠡᠳᠡᠬᠦ ᠦᠭᠡᠢ ᠪᠠᠢᠯ᠎ᠠ᠃ᠵᠥᠴᠢ ᠬᠥᠪᠡᠭᠦᠨ ᠦ᠌ ᠲᠡᠮᠦᠵᠢᠨ ᠪᠥᠷᠲᠡ ᠬᠣᠶᠠᠷ ᠲᠤ᠌ ᠢᠷᠡᠭᠰᠡᠨ ᠤᠴᠢᠷ ᠢ᠋ ᠳᠠᠪ ᠲᠩᠷᠢ ᠪᠥᠬᠡ ᠰᠡᠭᠦᠯ ᠳ᠋ᠦ᠍ ᠬᠡᠯᠡᠵᠡᠢ᠃ᠵᠥᠴᠢ ᠶ᠋ᠢ ᠠᠮᠢᠳᠤ ᠦᠯᠡᠳᠡᠭᠡᠭᠰᠡᠨ ᠳ᠋ᠦ᠍ᠨᠢ ᠲᠩᠷᠢ ᠳ᠋ᠦ᠍ ᠪᠠᠰᠠ ᠪᠤᠭᠤᠷᠴᠢ ᠳ᠋ᠤ᠌ ᠲᠠᠯᠠᠷᠬᠠᠬᠤ ᠶᠣᠰᠣᠲᠠᠢ ᠭᠡᠵᠦ ᠳᠠᠪ ᠲᠩᠷᠢ ᠪᠥᠬᠡ ᠪᠠᠲᠤᠯᠠᠨ ᠬᠡᠯᠡᠭᠰᠡᠭᠡᠷ ᠪᠠᠢᠭᠰᠠᠨ ᠴᠤ᠌ ᠲᠡᠮᠦᠵᠢᠨ ᠥᠪᠡᠷ ᠦ᠋ᠨ ᠰᠡᠳᠬᠢᠯ ᠢ᠋ ᠲᠡᠷᠡ ᠪᠦᠷᠢ ᠲᠡᠪᠴᠢᠨ ᠪᠠᠷᠢᠵᠤ ᠳᠡᠢᠯᠬᠦ ᠦᠭᠡᠢ ᠪᠢᠴᠢᠬᠠᠨ ᠵᠥᠴᠢ ᠬᠥᠪᠡᠭᠦᠨ ᠡᠴᠡ ᠲᠠᠬᠤᠯᠲᠠᠢ ᠠᠮᠢᠲᠠᠨ ᠮᠡᠲᠦ ᠰᠡᠵᠢᠭᠯᠡᠭᠰᠡᠭᠡᠷ ᠪᠠᠢᠪᠠ᠃ᠥᠭᠡᠯᠦᠨ ᠡᠬᠡ ᠶ᠋ᠢᠨ ᠢᠯᠡᠷᠬᠡᠢ ᠳᠡᠮᠵᠢᠯᠭᠡ ᠶ᠋ᠢ ᠣᠯᠤᠭᠰᠠᠨ ᠪᠥᠷᠲᠡ ᠰᠡᠳᠬᠢᠯ ᠪᠠᠭ᠎ᠠ ᠪᠣᠯᠪᠠᠴᠤ ᠲᠠᠢᠪᠤᠰᠢᠷᠠᠵᠠᠢ᠃ᠬᠡᠨ ᠴᠦ᠍ ᠵᠥᠴᠢ ᠶ᠋ᠢ ᠮᠡᠷᠭᠢᠳ ᠦ᠋ᠨ ᠬᠡᠦᠬᠡᠳ ᠭᠡᠵᠦ ᠬᠡᠯᠡᠳᠡᠭ ᠦᠭᠡᠢ ᠪᠥᠭᠡᠳ ᠬᠡᠷᠪᠡ ᠬᠡᠨ ᠨᠢᠭᠡ ᠲᠡᠭᠡᠵᠦ ᠬᠡᠯᠡᠨ᠎ᠡ ᠭᠡᠪᠡᠯ ᠪᠥᠷᠲᠡ ᠥᠷᠥᠰᠢᠶᠡᠬᠦ ᠦᠭᠡᠢ ᠶ᠋ᠢ ᠪᠦᠭᠦᠳᠡ ᠮᠡᠳᠡᠬᠦ ᠪᠣᠯᠵᠠᠢ᠃
— ᠴᠢ ᠵᠥᠴᠢ ᠬᠥᠪᠡᠭᠦᠨ ᠢ᠋ ᠮᠢᠨᠢ ᠠᠳᠠ ᠦᠵᠡᠪᠡᠯ ᠡᠬᠢᠯᠡᠭᠡᠳ ᠨᠠᠮᠠᠶ᠋ᠢ ᠠᠯᠠᠴᠢᠬᠠᠭᠠᠷᠠᠢ᠃ᠪᠢ ᠬᠥᠪᠡᠭᠦᠨ ᠢ᠋ᠶ᠋ᠡᠨ ᠠᠳᠠ ᠦᠵᠡᠬᠦ ᠡᠴᠡ ᠪᠤᠰᠤᠳ ᠢ᠋ ᠲᠡᠪᠴᠢᠨ᠎ᠡ᠃ᠬᠠᠷᠢᠨ ᠬᠥᠪᠡᠭᠦᠨ ᠢ᠋ ᠮᠢᠨᠢ ᠠᠳᠠ ᠦᠵᠡᠪᠡᠯ ᠪᠢ ᠲᠡᠪᠴᠢᠬᠦ ᠦᠭᠡᠢ ᠰᠢᠦ ᠭᠡᠵᠦ ᠪᠥᠷᠲᠡ ᠡᠭᠡᠯᠵᠢᠲᠦ ᠴᠢᠮᠡᠭᠡ ᠦᠭᠡᠢ ᠲᠠᠮᠤᠯᠠᠯ ᠤ᠋ᠨ ᠳᠠᠷᠠᠭ᠎ᠠ ᠬᠠᠲᠠᠭᠤ ᠬᠡᠯᠡᠭᠰᠡᠨ ᠨᠢ ᠪᠣᠢ᠃ᠪᠥᠷᠲᠡ ᠦᠨᠡᠬᠡᠷ ᠬᠡᠯᠡᠭᠰᠡᠨ ᠳ᠋ᠡᠭᠡᠨ ᠬᠦᠷᠴᠦ ᠮᠠᠷᠭᠠᠰᠢ ᠨᠢ ᠵᠥᠴᠢ ᠬᠥᠪᠡᠭᠦᠨ ᠢ᠋ᠶ᠋ᠡᠨ ᠲᠡᠪᠡᠷᠢᠨ ᠣᠭᠲᠣ ᠶᠠᠭᠤ ᠴᠤ᠌ ᠪᠣᠯᠤᠭ᠎ᠠ ᠦᠭᠡᠢ ᠶᠤᠮ ᠰᠢᠭ ᠢᠨᠢᠶᠡᠳᠦ ᠬᠥᠷ ᠳᠦᠭᠦᠷᠡᠩ ᠶᠠᠪᠤᠬᠤ ᠳ᠋ᠤᠨᠢ ᠲᠡᠮᠦᠵᠢᠨ ᠭᠠᠢᠬᠠᠨ ᠪᠢᠰᠢᠷᠡᠵᠦ ᠦᠰ ᠬᠣᠷᠣᠰᠤᠯ ᠨᠢ ᠳᠠᠷᠤᠭᠳᠠᠬᠤ ᠰᠢᠭ᠋ ᠪᠣᠯᠳᠠᠭ ᠪᠠᠢᠯ᠎ᠠ᠃ᠲᠡᠮᠦᠵᠢᠨ ᠢ᠋ ᠪᠣᠷᠵᠢᠭᠢᠨ ᠠᠢᠮᠠᠭ ᠤ᠋ᠨ ᠬᠠᠨ ᠢ᠋ᠶ᠋ᠠᠷ ᠡᠷᠭᠦᠮᠵᠢᠯᠡᠭᠰᠡᠨ ᠨᠢ ᠪᠠᠢᠳᠠᠯ ᠢ᠋ ᠥᠭᠡᠷᠡᠴᠢᠯᠡᠵᠦ ᠠᠪᠠᠭᠠᠢ ᠬᠡᠦᠬᠡᠳ ᠲᠣᠭᠣᠷᠢᠭᠰᠠᠨ ᠭᠠᠰᠢᠭᠤᠨ ᠪᠣᠳᠣᠯ ᠢ᠋ᠶ᠋ᠠᠨ ᠥᠪᠡᠷ ᠦ᠋ᠨ ᠡᠷᠬᠡ ᠦᠭᠡᠢ ᠬᠣᠢᠰᠢ ᠲᠠᠯᠪᠢᠬᠤ ᠳ᠋ᠤ᠌ ᠬᠦᠷᠭᠡᠵᠦ᠂ ᠥᠪᠡᠷ ᠦ᠋ᠨ ᠵᠠᠩ ᠠᠪᠤᠷᠢ᠂ ᠦᠭᠡ ᠦᠢᠯᠡᠳᠦᠯ ᠢ᠋ᠶ᠋ᠡᠨ ᠨᠢᠭᠲᠠ ᠬᠢᠨᠠᠨ ᠵᠠᠰᠠᠬᠤ ᠨᠢ ᠵᠠᠢᠯᠠᠰᠢ ᠦᠭᠡᠢ ᠪᠣᠯᠵᠠᠢ᠃ᠲᠡᠮᠦᠵᠢᠨ ᠥᠪᠡᠷ ᠦ᠋ᠨ ᠠᠢᠮᠠᠭ ᠤ᠋ᠨ ᠠᠯᠪᠠᠲᠤ ᠢᠷᠭᠡᠳ ᠢ᠋ ᠬᠣᠶᠠᠷ ᠬᠤᠪᠢᠶᠠᠨ ᠪᠠᠷᠠᠭᠤᠨ᠂ ᠵᠡᠭᠦᠨ ᠲᠦᠮᠡᠨ ᠪᠣᠯᠭᠠᠵᠤ᠂ ᠦᠨᠡᠨᠴᠢ ᠨᠥᠬᠥᠳ ᠪᠤᠭᠤᠷᠴᠢ ᠵᠡᠯᠮ᠎ᠡ ᠬᠣᠶᠠᠷ ᠢ᠋ᠶ᠋ᠠᠷ ᠠᠬᠠᠯᠠᠭᠤᠯᠤᠨ ᠣᠯᠠᠨ ᠬᠡᠷᠬᠡᠮ ᠲᠤᠰᠢᠶᠠᠯᠲᠠᠨ ᠢ᠋ ᠲᠣᠮᠢᠯᠠᠵᠤ᠂ ᠪᠥᠷᠲᠡ ᠶ᠋ᠢᠨ ᠬᠡᠯᠡᠭᠰᠡᠨ ᠢ᠋ᠶ᠋ᠡᠷ ᠭᠣᠶᠣᠮᠰᠣᠭ ᠥᠷᠭᠥᠭᠡ ᠪᠠᠷᠢᠭᠤᠯᠵᠤ᠂ ᠬᠥᠩᠭᠡᠨ ᠲᠡᠷᠭᠡ ᠴᠦ᠍ ᠬᠢᠯᠭᠡᠪᠡ᠃ᠪᠦᠬᠦ ᠬᠥᠮᠦᠰ ᠪᠥᠷᠲᠡ ᠶ᠋ᠢ ᠲᠡᠭᠦᠨ ᠦ᠌ ᠠᠳᠠᠯᠢ ᠬᠦᠨᠳᠦᠳᠬᠡᠳᠡᠭ ᠪᠣᠯᠤᠭᠰᠠᠨ ᠨᠢ ᠥᠪᠡᠷ ᠦ᠋ᠨ ᠡᠷᠬᠡ ᠦᠭᠡᠢ ᠮᠡᠳᠡᠷᠡᠭᠳᠡᠵᠦ ᠪᠠᠢᠪᠠ᠃ᠪᠥᠷᠲᠡ ᠪᠣᠯ ᠶᠠᠭ ᠯᠠ ᠲᠡᠮᠦᠵᠢᠨ ᠳ᠋ᠦ᠍ ᠲᠣᠬᠢᠷᠠᠭᠰᠠᠨ ᠤᠬᠠᠭᠠᠯᠢᠭ ᠠᠭᠠᠳ ᠡᠷᠡᠮᠡᠭ ᠵᠣᠷᠢᠮᠠᠭ ᠪᠦᠰᠡᠭᠦᠢ ᠪᠠᠢᠯ᠎ᠠ᠃ᠲᠡᠳᠡ ᠡᠪᠯᠡᠷᠡᠵᠦ᠂ ᠶᠡᠬᠡ ᠠᠯᠪᠠ ᠶ᠋ᠢᠨ ᠳᠠᠷᠠᠭ᠎ᠠ ᠰᠢᠨ᠎ᠡ ᠦᠷᠭᠦᠭᠡᠨ ᠳ᠋ᠡᠭᠡᠨ ᠡᠷᠬᠡᠯᠡᠨ ᠢᠨᠠᠭᠯᠠᠬᠤ ᠪᠣᠯᠤᠭᠰᠠᠨ ᠢ᠋ᠶ᠋ᠠᠷ ᠵᠥᠴᠢ ᠶ᠋ᠢᠨ ᠬᠣᠢᠨ᠎ᠠ ᠪᠥᠷᠲᠡ ᠡᠴᠡ ᠲᠡᠮᠦᠵᠢᠨ ᠦ᠌ ᠴᠢᠰᠤᠨ ᠤ᠋ ᠬᠥᠪᠡᠭᠦᠨ ᠴᠠᠭᠠᠲᠠᠢ ᠲᠥᠷᠥᠭᠰᠡᠨ ᠪᠥᠯᠥᠭᠡ᠃ᠴᠠᠭᠠᠲᠠᠢ ᠬᠥᠪᠡᠭᠦᠨ ᠢ᠋ᠶ᠋ᠡᠨ ᠲᠥᠷᠥᠬᠦ ᠳ᠋ᠦ᠍ ᠲᠡᠮᠦᠵᠢᠨ ᠪᠥᠷᠲᠡ ᠶ᠋ᠢ ᠪᠡᠨ ᠳᠠᠬᠢᠨ ᠲᠡᠮᠦᠯᠦᠨ ᠵᠣᠪᠠᠭᠠᠬᠤ ᠦᠭᠡᠢ ᠭᠡᠵᠦ ᠢᠯᠡ ᠲᠣᠳᠣ ᠪᠠᠷ ᠲᠡᠭᠦᠨ ᠳ᠋ᠦ᠍ ᠠᠮᠠᠯᠠᠨ ᠲᠠᠩᠭᠠᠷᠢᠭᠯᠠᠭᠰᠠᠨ ᠪᠢᠯᠡ᠃ᠲᠡᠷᠡ ᠡᠨᠡ ᠦᠭᠡᠨ ᠳ᠋ᠡᠭᠡᠨ ᠦᠨᠡᠬᠡᠷ ᠬᠦᠷᠦᠭᠰᠡᠨ ᠶᠤᠮ᠃ᠲᠡᠮᠦᠵᠢᠨ ᠦ᠌ ᠭᠡᠷ ᠲᠦ᠍ ᠲᠡᠭᠦᠨ ᠢ᠋ ᠵᠠᠯᠭᠠᠮᠵᠢᠯᠠᠨ ᠪᠣᠷᠵᠢᠭᠢᠨ ᠠᠢᠮᠠᠭ ᠤ᠋ᠨ ᠬᠠᠨ ᠪᠣᠯᠬᠤ ᠶᠣᠰᠣᠲᠠᠢ ᠬᠥᠪ
—ᠲᠡᠭᠡᠪᠡᠯ ᠵᠥᠴᠢ ᠭᠡᠵᠦ ᠨᠡᠷᠡᠯᠡᠶ᠎ᠡ ᠭᠡᠵᠦ ᠥᠭᠡᠯᠦᠨ ᠡᠬᠡ ᠬᠡᠯᠡᠪᠡ᠃ ᠡᠨᠡ ᠨᠢ ᠵᠣᠴᠢᠨ ᠭᠡᠰᠡᠨ ᠦᠭᠡ ᠪᠠᠢᠯ᠎ᠠ᠃ ᠡᠨᠡ ᠨᠡᠷ᠎ᠡ ᠲᠡᠮᠦᠵᠢᠨ ᠳ᠋ᠦ᠍ ᠲᠠᠭᠠᠯᠠᠭᠳᠠᠪᠠ᠃ ᠮᠡᠷᠭᠢᠳ ᠦ᠋ᠨ ᠴᠢᠯᠭᠡᠷ ᠪᠥᠬᠡ ᠶ᠋ᠢᠨ ᠬᠥᠪᠡᠭᠦᠨ ᠲᠡᠳᠡᠨ ᠦ᠌ ᠭᠡᠷ ᠦ᠋ᠨ ᠵᠣᠴᠢᠨ ᠪᠣᠯᠤᠭ ᠭᠡᠵᠦ ᠪᠣᠳᠣᠭᠠᠳ ᠲᠠᠢᠪᠤᠰᠢᠷᠠᠵᠤ ᠪᠥᠷᠲᠡ ᠶ᠋ᠢᠨ ᠬᠥᠪᠡᠭᠦᠨ ᠳ᠋ᠦ᠍ ᠵᠥᠴᠢ ᠭᠡᠳᠡᠭ ᠨᠡᠷ᠎ᠡ ᠥᠭᠪᠡ᠃ ᠵᠥᠴᠢ ᠨᠡᠷ᠎ᠡ ᠶ᠋ᠢ ᠡᠢᠨ ᠬᠦ᠌ ᠥᠭᠭᠦᠭᠰᠡᠨ ᠨᠢ ᠰᠢᠨ᠎ᠡ ᠬᠥᠪᠡᠭᠦᠨ ᠳ᠋ᠦ᠍ ᠲᠡᠮᠦᠵᠢᠨ ᠦ᠌ ᠭᠡᠷ ᠲᠦ᠍ ᠠᠮᠢᠳᠤᠷᠠᠬᠤ ᠡᠷᠬᠡ ᠣᠯᠭᠣᠭᠰᠠᠨ ᠬᠡᠷᠡᠭ ᠪᠣᠯᠪᠠ᠃ ᠬᠡᠳᠦᠢ ᠪᠡᠷ ᠵᠢᠵᠢᠭ ᠴᠤ᠌ ᠭᠡᠯᠡ ᠡᠨᠡ ᠶᠠᠪᠤᠳᠠᠯ ᠲᠡᠮᠦᠵᠢᠨ ᠦ᠌ ᠪᠥᠷᠲᠡ ᠳ᠋ᠦ᠍ ᠢᠯᠠᠭᠳᠠᠨ ᠪᠠᠭᠤᠵᠤ ᠦᠭᠭᠦᠭᠰᠡᠨ ᠦ᠌ ᠳᠣᠬᠢᠶ᠎ᠠ᠂ ᠪᠥᠷᠲᠡ ᠶ᠋ᠢᠨ ᠬᠠᠲᠠᠭᠤᠵᠢᠯᠲᠠᠢ ᠡᠷᠡᠮᠡᠬᠡᠢ ᠵᠠᠩ ᠢ᠋ ᠲᠩᠷᠢ ᠢᠪᠡᠭᠡᠭᠰᠡᠨ ᠬᠡᠷᠡᠭ ᠶᠤᠮ᠃ᠭᠠᠳᠠᠨ᠎ᠠ ᠡᠴᠡ ᠨᠢ ᠬᠠᠷᠠᠬᠤ ᠳ᠋ᠤ᠌ ᠠᠵᠠ ᠵᠢᠷᠭᠠᠯᠲᠠᠢ ᠮᠡᠲᠦ ᠪᠣᠯᠪᠠᠴᠤ ᠲᠡᠷᠡ ᠭᠤᠷᠪᠠ ᠲᠤᠢᠯ ᠤ᠋ᠨ ᠰᠢᠨᠠᠯᠤᠭᠠᠲᠤ ᠬᠠᠢᠷ᠎ᠠ ᠶ᠋ᠢᠨ ᠳᠤᠮᠳᠠ ᠠᠮᠢᠳᠤᠷᠠᠵᠤ ᠪᠠᠢᠯ᠎ᠠ᠃ ᠭᠡᠷ ᠦ᠋ᠨ ᠳᠣᠲᠣᠷᠠᠬᠢ ᠢᠯᠡ ᠳᠠᠯᠳᠠ ᠵᠣᠪᠠᠯᠠᠩ᠂ ᠰᠡᠳᠬᠢᠯ ᠦ᠋ᠨ ᠭᠦᠨ ᠳ᠋ᠡᠬᠢ ᠰᠢᠨᠠᠯᠤᠯ ᠬᠣᠷᠣᠰᠤᠯ ᠨᠢ ᠲᠡᠮᠦᠵᠢᠨ ᠢ᠋ ᠭᠡᠷ ᠲᠦ᠍ ᠲᠣᠭᠲᠠᠬᠤ ᠳ᠋ᠤ᠌ ᠪᠡᠷᠬᠡ ᠪᠣᠯᠭᠠᠬᠤ ᠳ᠋ᠤ᠌ ᠲᠡᠷᠡ ᠰᠠᠮ ᠬᠣᠯᠠ ᠣᠳᠴᠤ ᠡᠨᠡ ᠲᠡᠷᠡ ᠪᠦᠰᠡᠭᠦᠢ ᠶ᠋ᠢ ᠡᠳ᠋ᠯᠡᠨ ᠠᠭᠤᠷ ᠬᠣᠷᠣᠰᠤᠯ ᠢ᠋ᠶ᠋ᠠᠨ ᠲᠠᠢᠯᠳᠠᠭ ᠢ᠋ ᠪᠥᠷᠲᠡ ᠮᠡᠳᠡᠪᠡᠴᠦ ᠶᠠᠭᠤ ᠴᠤ᠌ ᠡᠰᠡ ᠳᠤᠤᠭᠠᠷᠤᠨ᠎ᠠ᠃ᠪᠥᠷᠲᠡ ᠵᠥᠴᠢ ᠬᠥᠪᠡᠭᠦᠨ ᠢ᠋ᠶ᠋ᠡᠨ ᠡᠮ᠎ᠡ ᠠᠷᠰᠯᠠᠨ ᠮᠡᠲᠦ ᠥᠮᠥᠭᠯᠡᠨ ᠬᠠᠮᠠᠭᠠᠯᠠᠬᠤ ᠲᠤᠯᠠ ᠥᠭᠡᠯᠦᠨ ᠪᠣᠯᠤᠭᠠᠳ ᠶᠡᠷᠦ ᠨᠢ ᠬᠡᠨ ᠪᠣᠯᠪᠠᠴᠤ ᠵᠥᠴᠢ ᠳ᠋ᠦ᠍ ᠶᠡᠬᠡ ᠠᠩᠬᠠᠷᠤᠯᠲᠠᠢ ᠬᠠᠨᠳᠤᠳᠠᠭ ᠪᠠᠢᠪᠠ᠃ᠬᠡᠷᠪᠡ ᠪᠥᠷᠲᠡ ᠪᠣᠯᠤᠭᠠᠳ ᠪᠢᠴᠢᠬᠠᠨ ᠵᠥᠴᠢ ᠬᠥᠪᠡᠭᠦᠨ ᠢ᠋ ᠥᠭᠡᠯᠦᠨ ᠡᠬᠡ ᠬᠠᠢᠷᠠᠯᠠᠨ ᠲᠡᠮᠵᠢᠭᠡ ᠦᠭᠡᠢ ᠪᠣᠯ ᠠᠵᠠ ᠦᠭᠡᠢ ᠬᠥᠪᠡᠭᠦᠨ ᠦ᠌ ᠬᠤᠪᠢ ᠳ᠋ᠤ᠌ ᠵᠠᠶᠠᠭ᠎ᠠ ᠶᠠᠭᠠᠬᠢᠵᠤ ᠡᠷᠭᠢᠬᠦ ᠶ᠋ᠢ ᠳᠠᠭᠠᠬᠤ ᠶ᠋ᠢᠨ ᠠᠷᠭ᠎ᠠ ᠦᠭᠡᠢ ᠶᠤᠮ᠃ᠲᠡᠮᠦᠵᠢᠨ ᠦ᠌ ᠵᠠᠩ ᠠᠭᠠᠰᠢ ᠶ᠋ᠢ ᠮᠡᠳᠡᠬᠦ ᠥᠭᠡᠯᠦᠨ ᠡᠬᠡ ᠨᠢ ᠵᠥᠴᠢ ᠶ᠋ᠢ ᠬᠠᠮᠠᠭᠠᠯᠠᠬᠤ ᠪᠣᠯᠤᠭᠰᠠᠨ ᠨᠢ ᠲᠡᠮᠦᠵᠢᠨ ᠦ᠌ ᠠᠶᠤᠮᠰᠢᠭᠲᠤ ᠦᠢᠯᠡᠳᠦᠯ ᠡᠴᠡ ᠰᠡᠷᠭᠡᠢᠯᠡᠵᠦ ᠪᠤᠭᠤᠷᠴᠢ ᠶ᠋ᠢ ᠬᠦᠷᠲᠡᠯ᠎ᠡ ᠬᠢᠵᠠᠭᠠᠷ ᠦᠭᠡᠢ ᠨᠢᠭᠦᠯ ᠡᠴᠡ ᠠᠪᠤᠷᠠᠭᠰᠠᠨ ᠪᠢᠯᠡ᠃ᠬᠡᠷᠪᠡ ᠲᠡᠮᠦᠵᠢᠨ ᠵᠥᠴᠢ ᠶ᠋ᠢ ᠬᠥᠨᠥᠭᠡᠭᠰᠡᠨ ᠪᠣᠯ ᠲᠡᠷᠡ ᠬᠡᠵᠢᠶ᠎ᠡ ᠴᠦ᠍ ᠥᠭᠡᠳᠡᠯᠡᠨ ᠳᠡᠪᠵᠢᠬᠦ ᠦᠭᠡᠢ ᠪᠠᠢᠭᠰᠠᠨ ᠢ᠋ ᠬᠠᠷᠢᠨ ᠬᠡᠨ ᠴᠦ᠍ ᠮᠡᠳᠡᠬᠦ ᠦᠭᠡᠢ ᠪᠠᠢᠯ᠎ᠠ᠃ᠵᠥᠴᠢ ᠬᠥᠪᠡᠭᠦᠨ ᠦ᠌ ᠲᠡᠮᠦᠵᠢᠨ ᠪᠥᠷᠲᠡ ᠬᠣᠶᠠᠷ ᠲᠤ᠌ ᠢᠷᠡᠭᠰᠡᠨ ᠤᠴᠢᠷ ᠢ᠋ ᠳᠠᠪ ᠲᠩᠷᠢ ᠪᠥᠬᠡ ᠰᠡᠭᠦᠯ ᠳ᠋ᠦ᠍ ᠬᠡᠯᠡᠵᠡᠢ᠃ᠵᠥᠴᠢ ᠶ᠋ᠢ ᠠᠮᠢᠳᠤ ᠦᠯᠡᠳᠡᠭᠡᠭᠰᠡᠨ ᠳ᠋ᠦ᠍ᠨᠢ ᠲᠩᠷᠢ ᠳ᠋ᠦ᠍ ᠪᠠᠰᠠ ᠪᠤᠭᠤᠷᠴᠢ ᠳ᠋ᠤ᠌ ᠲᠠᠯᠠᠷᠬᠠᠬᠤ ᠶᠣᠰᠣᠲᠠᠢ ᠭᠡᠵᠦ ᠳᠠᠪ ᠲᠩᠷᠢ ᠪᠥᠬᠡ ᠪᠠᠲᠤᠯᠠᠨ ᠬᠡᠯᠡᠭᠰᠡᠭᠡᠷ ᠪᠠᠢᠭᠰᠠᠨ ᠴᠤ᠌ ᠲᠡᠮᠦᠵᠢᠨ ᠥᠪᠡᠷ ᠦ᠋ᠨ ᠰᠡᠳᠬᠢᠯ ᠢ᠋ ᠲᠡᠷᠡ ᠪᠦᠷᠢ ᠲᠡᠪᠴᠢᠨ ᠪᠠᠷᠢᠵᠤ ᠳᠡᠢᠯᠬᠦ ᠦᠭᠡᠢ ᠪᠢᠴᠢᠬᠠᠨ ᠵᠥᠴᠢ ᠬᠥᠪᠡᠭᠦᠨ ᠡᠴᠡ ᠲᠠᠬᠤᠯᠲᠠᠢ ᠠᠮᠢᠲᠠᠨ ᠮᠡᠲᠦ ᠰᠡᠵᠢᠭᠯᠡᠭᠰᠡᠭᠡᠷ ᠪᠠᠢᠪᠠ᠃ᠥᠭᠡᠯᠦᠨ ᠡᠬᠡ ᠶ᠋ᠢᠨ ᠢᠯᠡᠷᠬᠡᠢ ᠳᠡᠮᠵᠢᠯᠭᠡ ᠶ᠋ᠢ ᠣᠯᠤᠭᠰᠠᠨ ᠪᠥᠷᠲᠡ ᠰᠡᠳᠬᠢᠯ ᠪᠠᠭ᠎ᠠ ᠪᠣᠯᠪᠠᠴᠤ ᠲᠠᠢᠪᠤᠰᠢᠷᠠᠵᠠᠢ᠃ᠬᠡᠨ ᠴᠦ᠍ ᠵᠥᠴᠢ ᠶ᠋ᠢ ᠮᠡᠷᠭᠢᠳ ᠦ᠋ᠨ ᠬᠡᠦᠬᠡᠳ ᠭᠡᠵᠦ ᠬᠡᠯᠡᠳᠡᠭ ᠦᠭᠡᠢ ᠪᠥᠭᠡᠳ ᠬᠡᠷᠪᠡ ᠬᠡᠨ ᠨᠢᠭᠡ ᠲᠡᠭᠡᠵᠦ ᠬᠡᠯᠡᠨ᠎ᠡ ᠭᠡᠪᠡᠯ ᠪᠥᠷᠲᠡ ᠥᠷᠥᠰᠢᠶᠡᠬᠦ ᠦᠭᠡᠢ ᠶ᠋ᠢ ᠪᠦᠭᠦᠳᠡ ᠮᠡᠳᠡᠬᠦ ᠪᠣᠯᠵᠠᠢ᠃
— ᠴᠢ ᠵᠥᠴᠢ ᠬᠥᠪᠡᠭᠦᠨ ᠢ᠋ ᠮᠢᠨᠢ ᠠᠳᠠ ᠦᠵᠡᠪᠡᠯ ᠡᠬᠢᠯᠡᠭᠡᠳ ᠨᠠᠮᠠᠶ᠋ᠢ ᠠᠯᠠᠴᠢᠬᠠᠭᠠᠷᠠᠢ᠃ᠪᠢ ᠬᠥᠪᠡᠭᠦᠨ ᠢ᠋ᠶ᠋ᠡᠨ ᠠᠳᠠ ᠦᠵᠡᠬᠦ ᠡᠴᠡ ᠪᠤᠰᠤᠳ ᠢ᠋ ᠲᠡᠪᠴᠢᠨ᠎ᠡ᠃ᠬᠠᠷᠢᠨ ᠬᠥᠪᠡᠭᠦᠨ ᠢ᠋ ᠮᠢᠨᠢ ᠠᠳᠠ ᠦᠵᠡᠪᠡᠯ ᠪᠢ ᠲᠡᠪᠴᠢᠬᠦ ᠦᠭᠡᠢ ᠰᠢᠦ ᠭᠡᠵᠦ ᠪᠥᠷᠲᠡ ᠡᠭᠡᠯᠵᠢᠲᠦ ᠴᠢᠮᠡᠭᠡ ᠦᠭᠡᠢ ᠲᠠᠮᠤᠯᠠᠯ ᠤ᠋ᠨ ᠳᠠᠷᠠᠭ᠎ᠠ ᠬᠠᠲᠠᠭᠤ ᠬᠡᠯᠡᠭᠰᠡᠨ ᠨᠢ ᠪᠣᠢ᠃ᠪᠥᠷᠲᠡ ᠦᠨᠡᠬᠡᠷ ᠬᠡᠯᠡᠭᠰᠡᠨ ᠳ᠋ᠡᠭᠡᠨ ᠬᠦᠷᠴᠦ ᠮᠠᠷᠭᠠᠰᠢ ᠨᠢ ᠵᠥᠴᠢ ᠬᠥᠪᠡᠭᠦᠨ ᠢ᠋ᠶ᠋ᠡᠨ ᠲᠡᠪᠡᠷᠢᠨ ᠣᠭᠲᠣ ᠶᠠᠭᠤ ᠴᠤ᠌ ᠪᠣᠯᠤᠭ᠎ᠠ ᠦᠭᠡᠢ ᠶᠤᠮ ᠰᠢᠭ ᠢᠨᠢᠶᠡᠳᠦ ᠬᠥᠷ ᠳᠦᠭᠦᠷᠡᠩ ᠶᠠᠪᠤᠬᠤ ᠳ᠋ᠤᠨᠢ ᠲᠡᠮᠦᠵᠢᠨ ᠭᠠᠢᠬᠠᠨ ᠪᠢᠰᠢᠷᠡᠵᠦ ᠦᠰ ᠬᠣᠷᠣᠰᠤᠯ ᠨᠢ ᠳᠠᠷᠤᠭᠳᠠᠬᠤ ᠰᠢᠭ᠋ ᠪᠣᠯᠳᠠᠭ ᠪᠠᠢᠯ᠎ᠠ᠃ᠲᠡᠮᠦᠵᠢᠨ ᠢ᠋ ᠪᠣᠷᠵᠢᠭᠢᠨ ᠠᠢᠮᠠᠭ ᠤ᠋ᠨ ᠬᠠᠨ ᠢ᠋ᠶ᠋ᠠᠷ ᠡᠷᠭᠦᠮᠵᠢᠯᠡᠭᠰᠡᠨ ᠨᠢ ᠪᠠᠢᠳᠠᠯ ᠢ᠋ ᠥᠭᠡᠷᠡᠴᠢᠯᠡᠵᠦ ᠠᠪᠠᠭᠠᠢ ᠬᠡᠦᠬᠡᠳ ᠲᠣᠭᠣᠷᠢᠭᠰᠠᠨ ᠭᠠᠰᠢᠭᠤᠨ ᠪᠣᠳᠣᠯ ᠢ᠋ᠶ᠋ᠠᠨ ᠥᠪᠡᠷ ᠦ᠋ᠨ ᠡᠷᠬᠡ ᠦᠭᠡᠢ ᠬᠣᠢᠰᠢ ᠲᠠᠯᠪᠢᠬᠤ ᠳ᠋ᠤ᠌ ᠬᠦᠷᠭᠡᠵᠦ᠂ ᠥᠪᠡᠷ ᠦ᠋ᠨ ᠵᠠᠩ ᠠᠪᠤᠷᠢ᠂ ᠦᠭᠡ ᠦᠢᠯᠡᠳᠦᠯ ᠢ᠋ᠶ᠋ᠡᠨ ᠨᠢᠭᠲᠠ ᠬᠢᠨᠠᠨ ᠵᠠᠰᠠᠬᠤ ᠨᠢ ᠵᠠᠢᠯᠠᠰᠢ ᠦᠭᠡᠢ ᠪᠣᠯᠵᠠᠢ᠃ᠲᠡᠮᠦᠵᠢᠨ ᠥᠪᠡᠷ ᠦ᠋ᠨ ᠠᠢᠮᠠᠭ ᠤ᠋ᠨ ᠠᠯᠪᠠᠲᠤ ᠢᠷᠭᠡᠳ ᠢ᠋ ᠬᠣᠶᠠᠷ ᠬᠤᠪᠢᠶᠠᠨ ᠪᠠᠷᠠᠭᠤᠨ᠂ ᠵᠡᠭᠦᠨ ᠲᠦᠮᠡᠨ ᠪᠣᠯᠭᠠᠵᠤ᠂ ᠦᠨᠡᠨᠴᠢ ᠨᠥᠬᠥᠳ ᠪᠤᠭᠤᠷᠴᠢ ᠵᠡᠯᠮ᠎ᠡ ᠬᠣᠶᠠᠷ ᠢ᠋ᠶ᠋ᠠᠷ ᠠᠬᠠᠯᠠᠭᠤᠯᠤᠨ ᠣᠯᠠᠨ ᠬᠡᠷᠬᠡᠮ ᠲᠤᠰᠢᠶᠠᠯᠲᠠᠨ ᠢ᠋ ᠲᠣᠮᠢᠯᠠᠵᠤ᠂ ᠪᠥᠷᠲᠡ ᠶ᠋ᠢᠨ ᠬᠡᠯᠡᠭᠰᠡᠨ ᠢ᠋ᠶ᠋ᠡᠷ ᠭᠣᠶᠣᠮᠰᠣᠭ ᠥᠷᠭᠥᠭᠡ ᠪᠠᠷᠢᠭᠤᠯᠵᠤ᠂ ᠬᠥᠩᠭᠡᠨ ᠲᠡᠷᠭᠡ ᠴᠦ᠍ ᠬᠢᠯᠭᠡᠪᠡ᠃ᠪᠦᠬᠦ ᠬᠥᠮᠦᠰ ᠪᠥᠷᠲᠡ ᠶ᠋ᠢ ᠲᠡᠭᠦᠨ ᠦ᠌ ᠠᠳᠠᠯᠢ ᠬᠦᠨᠳᠦᠳᠬᠡᠳᠡᠭ ᠪᠣᠯᠤᠭᠰᠠᠨ ᠨᠢ ᠥᠪᠡᠷ ᠦ᠋ᠨ ᠡᠷᠬᠡ ᠦᠭᠡᠢ ᠮᠡᠳᠡᠷᠡᠭᠳᠡᠵᠦ ᠪᠠᠢᠪᠠ᠃ᠪᠥᠷᠲᠡ ᠪᠣᠯ ᠶᠠᠭ ᠯᠠ ᠲᠡᠮᠦᠵᠢᠨ ᠳ᠋ᠦ᠍ ᠲᠣᠬᠢᠷᠠᠭᠰᠠᠨ ᠤᠬᠠᠭᠠᠯᠢᠭ ᠠᠭᠠᠳ ᠡᠷᠡᠮᠡᠭ ᠵᠣᠷᠢᠮᠠᠭ ᠪᠦᠰᠡᠭᠦᠢ ᠪᠠᠢᠯ᠎ᠠ᠃ᠲᠡᠳᠡ ᠡᠪᠯᠡᠷᠡᠵᠦ᠂ ᠶᠡᠬᠡ ᠠᠯᠪᠠ ᠶ᠋ᠢᠨ ᠳᠠᠷᠠᠭ᠎ᠠ ᠰᠢᠨ᠎ᠡ ᠦᠷᠭᠦᠭᠡᠨ ᠳ᠋ᠡᠭᠡᠨ ᠡᠷᠬᠡᠯᠡᠨ ᠢᠨᠠᠭᠯᠠᠬᠤ ᠪᠣᠯᠤᠭᠰᠠᠨ ᠢ᠋ᠶ᠋ᠠᠷ ᠵᠥᠴᠢ ᠶ᠋ᠢᠨ ᠬᠣᠢᠨ᠎ᠠ ᠪᠥᠷᠲᠡ ᠡᠴᠡ ᠲᠡᠮᠦᠵᠢᠨ ᠦ᠌ ᠴᠢᠰᠤᠨ ᠤ᠋ ᠬᠥᠪᠡᠭᠦᠨ ᠴᠠᠭᠠᠲᠠᠢ ᠲᠥᠷᠥᠭᠰᠡᠨ ᠪᠥᠯᠥᠭᠡ᠃ᠴᠠᠭᠠᠲᠠᠢ ᠬᠥᠪᠡᠭᠦᠨ ᠢ᠋ᠶ᠋ᠡᠨ ᠲᠥᠷᠥᠬᠦ ᠳ᠋ᠦ᠍ ᠲᠡᠮᠦᠵᠢᠨ ᠪᠥᠷᠲᠡ ᠶ᠋ᠢ ᠪᠡᠨ ᠳᠠᠬᠢᠨ ᠲᠡᠮᠦᠯᠦᠨ ᠵᠣᠪᠠᠭᠠᠬᠤ ᠦᠭᠡᠢ ᠭᠡᠵᠦ ᠢᠯᠡ ᠲᠣᠳᠣ ᠪᠠᠷ ᠲᠡᠭᠦᠨ ᠳ᠋ᠦ᠍ ᠠᠮᠠᠯᠠᠨ ᠲᠠᠩᠭᠠᠷᠢᠭᠯᠠᠭᠰᠠᠨ ᠪᠢᠯᠡ᠃ᠲᠡᠷᠡ ᠡᠨᠡ ᠦᠭᠡᠨ ᠳ᠋ᠡᠭᠡᠨ ᠦᠨᠡᠬᠡᠷ ᠬᠦᠷᠦᠭᠰᠡᠨ ᠶᠤᠮ᠃ᠲᠡᠮᠦᠵᠢᠨ ᠦ᠌ ᠭᠡᠷ ᠲᠦ᠍ ᠲᠡᠭᠦᠨ ᠢ᠋ ᠵᠠᠯᠭᠠᠮᠵᠢᠯᠠᠨ ᠪᠣᠷᠵᠢᠭᠢᠨ ᠠᠢᠮᠠᠭ ᠤ᠋ᠨ ᠬᠠᠨ ᠪᠣᠯᠬᠤ ᠶᠣᠰᠣᠲᠠᠢ ᠬᠥᠪᠡᠭᠦᠨ ᠲᠥᠷᠥᠵᠡᠢ᠃ᠴᠠᠭᠠᠲᠠᠢ ᠬᠥᠪᠡᠭᠦᠨ ᠢ᠋ᠶ᠋ᠡᠨ ᠲᠥᠷᠥᠭᠰᠡᠨ ᠳ᠋ᠦ᠍ ᠲᠡᠮᠦᠵᠢᠨ ᠲᠤᠢᠯ ᠢ᠋ᠶ᠋ᠠᠷ ᠪᠠᠶᠠᠷᠯᠠᠵᠤ ᠶᠡᠬᠡ ᠬᠤᠷᠢᠮ ᠬᠢᠪᠡ᠃ᠡᠨᠡ ᠨᠠᠢᠷ ᠲᠤ᠌ ᠲᠡᠮᠦᠵᠢᠨ ᠢ᠋ ᠠᠢᠮᠠᠭ ᠤ᠋ᠨ ᠬᠠᠨ ᠳ᠋ᠤ᠌ ᠡᠷᠭᠦᠮᠵᠢᠯᠡᠭᠰᠡᠨ ᠶᠡᠬᠡᠰ᠂ ᠢᠵᠠᠭᠤᠷᠲᠠᠨ ᠨᠤᠭᠤᠳ ᠪᠣᠯᠬᠤ ᠬᠠᠪᠤᠯ ᠬᠠᠨ ᠤ᠋ ᠦᠷ᠎ᠡ ᠰᠠᠲᠤ᠂ ᠬᠣᠲᠠᠯᠠ ᠬᠠᠨ ᠤ᠋ ᠬᠥᠪᠡᠭᠦᠨ᠂ ᠶᠢᠰᠦᠭᠡᠢ ᠶ᠋ᠢᠨ ᠳᠡᠭᠦᠦ ᠭᠡᠳ ᠵᠠᠳᠠᠷᠠᠨ ᠲᠠᠷᠠᠵᠤ ᠶᠠᠪᠤᠭᠰᠠᠨ ᠪᠣᠷᠵᠢᠭᠢᠨ ᠠᠢᠮᠠᠭ ᠤ᠋ᠨ ᠨᠡᠷᠡᠲᠡᠢ ᠬᠦᠨᠳᠦᠲᠡᠢ ᠪᠦᠬᠦᠨ᠂ ᠲᠡᠳᠡᠨ ᠦ᠌ ᠠᠯᠪᠠᠲᠤ ᠢᠷᠭᠡᠳ ᠪᠦᠭᠦᠳᠡ ᠴᠤᠭᠯᠠᠷᠠᠵᠤ᠂ᠵᠠᠮᠤᠬ᠎ᠠ ᠶ᠋ᠢᠨ ᠣᠢᠷ᠎ᠠ ᠲᠥᠷᠥᠯ ᠦ᠋ᠨ ᠬᠥᠮᠦᠨ ᠪᠣᠯᠬᠤ ᠬᠣᠷᠴᠢ ᠠᠩᠬ᠎ᠠ ᠤᠳᠠᠭ᠎ᠠ ᠣᠯᠠᠨ ᠤ᠋ ᠰᠣᠨᠣᠷ ᠲᠤ᠌ ᠲᠡᠮᠦᠵᠢᠨ ᠢ᠋《ᠴᠢᠩᠭᠢᠰ ᠬᠠᠭᠠᠨ》 ᠭᠡᠵᠦ ᠡᠷᠭᠦᠮᠵᠢᠯᠡᠶᠡ ᠭᠡᠵᠦ ᠳᠣᠭᠣᠯᠭᠠᠭᠰᠠᠨ ᠢ᠋ ᠣᠯᠠᠨ ᠪᠦᠭᠦᠳᠡᠭᠡᠷ ᠵᠥᠪᠰᠢᠶᠡᠷᠡᠭᠰᠡᠨ ᠪᠢᠯᠡ᠃ᠴᠢᠬᠢᠨ ᠳ᠋ᠦ᠍ ᠳᠠᠰᠤᠯ ᠪᠣᠯᠤᠭ᠎ᠠ ᠦᠭᠡᠢ ᠳᠡᠩᠳᠡᠭᠦᠦ ᠰᠦᠷᠵᠢᠨ ᠡᠨᠡ ᠴᠣᠯᠠ ᠶᠡᠬᠡ ᠠᠰᠠᠷ ᠤ᠋ᠨ ᠬᠣᠢᠮᠣᠷ ᠠᠩᠬ᠎ᠠ ᠤᠳᠠᠭ᠎ᠠ ᠵᠥᠴᠢ ᠬᠥᠪᠡᠭᠦᠨ ᠢ᠋ᠶ᠋ᠡᠨ ᠡᠪᠦᠷ ᠳᠡᠭᠡᠷ᠎ᠡ ᠪᠡᠨ ᠲᠡᠪᠡᠷᠢᠨ ᠰᠠᠭᠤᠭᠰᠠᠨ ᠲᠡᠮᠦᠵᠢᠨ ᠳ᠋ᠦ᠍ ᠣᠭᠲᠣ ᠲᠠᠭᠠᠯᠠᠭᠳᠠᠭᠰᠠᠨ ᠦᠭᠡᠢ ᠴᠦ᠍ ᠣᠯᠠᠨ ᠤ᠋ ᠦᠭᠡ᠂ ᠰᠠᠨᠠᠯ ᠢ᠋ ᠳᠠᠭᠤ ᠦᠭᠡᠢ ᠰᠣᠨᠣᠰᠴᠤ ᠪᠠᠢᠯ᠎ᠠ᠃《ᠴᠢᠩᠭᠢᠰ ᠬᠠᠭᠠᠨ》 ᠭᠡᠵᠦ ᠨᠡᠷ᠎ᠡ ᠡᠷᠭᠦᠮᠵᠢᠯᠡᠭᠳᠡᠬᠦ ᠡᠴᠡ ᠢᠯᠡᠭᠦᠦ ᠴᠢᠬᠤᠯᠠ ᠵᠣᠷᠢᠯᠭ᠎ᠠ ᠲᠡᠷᠡ ᠦᠶ᠎ᠡ ᠳ᠋ᠦ᠍ ᠲᠡᠮᠦᠵᠢᠨ ᠳ᠋ᠦ᠍ ᠪᠠᠢᠪᠠ᠃ᠣᠯᠠᠨ ᠤ᠋ ᠡᠮᠦᠨ᠎ᠡ ᠲᠡᠷᠡ ᠠᠩᠬ᠎ᠠ ᠤᠳᠠᠭ᠎ᠠ ᠵᠥᠴᠢ ᠬᠥᠪᠡᠭᠦᠨ ᠢ᠋ᠶ᠋ᠡᠨ ᠡᠪᠦᠷ ᠳᠡᠭᠡᠷ᠎ᠡ ᠪᠡᠨ ᠲᠡᠪᠡᠷᠢᠨ ᠰᠠᠭᠤᠭᠰᠠᠨ ᠢ᠋ᠶ᠋ᠠᠷ ᠪᠥᠷᠲᠡ ᠶ᠋ᠢᠨ ᠰᠡᠳᠬᠢᠯ ᠳ᠋ᠦ᠍ ᠪᠠᠢᠭᠰᠠᠨ ᠭᠣᠮᠣᠳᠠᠯ ᠤ᠋ᠨ ᠬᠠᠷ᠎ᠠ ᠰᠡᠭᠦᠳᠡᠷ ᠢ᠋ ᠠᠷᠴᠢᠨ ᠬᠠᠶᠠᠬᠤ ᠶᠣᠰᠣᠲᠠᠢ ᠭᠡᠵᠦ ᠪᠣᠳᠣᠵᠤ ᠪᠠᠢᠪᠠ᠃ᠶᠠᠭᠤᠨ ᠤ᠋ ᠡᠮᠦᠨ᠎ᠡ ᠥᠪᠡᠷ ᠦ᠋ᠨ ᠡᠷᠦᠬᠡ ᠪᠦᠯᠢ ᠶ᠋ᠢ ᠲᠦᠪᠰᠢᠳᠬᠡᠬᠦ ᠨᠢ ᠥᠨᠥᠳᠥᠷ ᠦ᠋ᠨ ᠭᠣᠣᠯ ᠵᠣᠷᠢᠯᠭ᠎ᠠ ᠶᠤᠮ᠃ᠴᠠᠭᠠᠲᠠᠢ ᠬᠥᠪᠡᠭᠦᠨ ᠢ᠋ᠶ᠋ᠡᠨ ᠬᠥᠬᠥᠭᠦᠯᠦᠨ ᠰᠠᠭᠤᠭᠰᠠᠨ ᠪᠥᠷᠲᠡ ᠰᠢᠭ ᠠᠵᠠ ᠵᠢᠷᠭᠠᠯᠲᠠᠢ ᠬᠥᠮᠦᠨ ᠡᠨᠡ ᠨᠠᠢᠷ ᠤ᠋ᠨ ᠳᠤᠮᠳᠠ ᠪᠠᠢᠬᠤ ᠦᠭᠡᠢ ᠪᠠᠢᠪᠠ᠃ᠤᠨᠤᠨ ᠭᠣᠣᠯ ᠤ᠋ᠨ ᠰᠢᠭᠤᠢ ᠶ᠋ᠢᠨ ᠳᠤᠮᠳᠠ ᠵᠠᠰᠠᠭᠰᠠᠨ ᠨᠠᠢᠷ ᠤ᠋ᠨ ᠵᠠᠳᠠᠭᠠᠢ ᠲᠠᠯᠠᠪᠠᠢ ᠢᠳᠡᠭᠡ ᠪᠤᠳᠠᠭ᠎ᠠ ᠪᠠᠷ ᠳᠦᠭᠦᠷᠡᠩ᠂ ᠵᠠᠯᠠᠭᠤᠰ ᠥᠬᠢᠳ ᠪᠥᠵᠢᠭᠯᠡᠨ ᠳᠠᠭᠤᠯᠠᠵᠤ ᠶᠢᠰᠦᠭᠡᠢ ᠶ᠋ᠢᠨ ᠦᠬᠦᠯ ᠡᠴᠡ ᠬᠣᠢᠰᠢ ᠪᠣᠷᠵᠢᠭᠢᠨ ᠠᠢᠮᠠᠭ ᠤ᠋ᠨ ᠬᠢᠨ ᠠᠩᠬ᠎ᠠ ᠤᠳᠠᠭ᠎ᠠ ᠪᠠᠨ ᠨᠢᠭᠡᠳᠦᠨ ᠰᠡᠳᠬᠢᠯ ᠲᠡᠨᠢᠭᠡᠷ ᠴᠡᠩᠭᠡᠬᠦ ᠪᠥᠯᠥᠭᠡ᠃ᠡᠵᠢ ᠳᠡᠭᠦᠦ ᠨᠠᠷ ᠢ᠋ᠶ᠋ᠠᠨ ᠡᠢᠮᠦ ᠰᠡᠳᠬᠢᠯ ᠪᠠᠶᠠᠷᠲᠠᠢ᠂ ᠬᠠᠷᠠᠴᠠ ᠳᠡᠭᠡᠭᠦᠷ ᠪᠠᠢᠬᠤ ᠶ᠋ᠢ ᠲᠡᠮᠦᠵᠢᠨ ᠶᠡᠷᠦ ᠦᠵᠡᠭᠰᠡᠨ ᠦᠭᠡᠢ᠃ᠨᠠᠢᠷ ᠤ᠋ᠨ ᠳᠤᠮᠳᠠ ᠥᠭᠡᠯᠦᠨ ᠡᠬᠡ ᠶ᠋ᠢᠨ ᠢ᠋ᠶ᠋ᠡᠨ ᠨᠢᠳᠦᠨ ᠳ᠋ᠦ᠍ ᠭᠢᠯᠠᠯᠵᠠᠬᠤ ᠨᠢᠯᠪᠤᠰᠤ ᠶ᠋ᠢ ᠦᠵᠡᠭᠡᠳ《 ᠬᠠᠮᠤᠭ ᠡᠴᠡ ᠵᠣᠪᠠᠭᠰᠠᠨ ᠨᠢ ᠡᠬᠡ ᠮᠢᠨᠢ ᠶᠤᠮ ᠳᠡ》 ᠭᠡᠵᠦ ᠪᠣᠳᠣᠬᠤ ᠳ᠋ᠠᠭᠠᠨ ᠥᠪᠡᠷ ᠦ᠋ᠨ ᠡᠷᠬᠡ ᠦᠭᠡᠢ ᠤᠶᠠᠷᠠᠵᠤ ᠲᠡᠮᠦᠵᠢᠨ ᠦ᠌ ᠨᠢᠳᠦ ᠴᠢᠭᠢᠭᠲᠦᠵᠦ ᠰᠠᠭᠤᠵᠠᠢ᠃ᠳᠦᠷᠡᠯᠵᠡᠨ ᠠᠰᠠᠬᠤ ᠶᠡᠬᠡ ᠲᠦᠳᠡᠭ ᠭᠠᠯ ᠤ᠋ᠨ ᠤᠲᠤᠭ᠎ᠠ ᠤᠨᠤᠨ ᠤ᠋ ᠡᠷᠭᠢ ᠳᠠᠭᠠᠤ ᠬᠥᠰᠢᠭᠡᠯᠡᠵᠦ᠂ ᠬᠤᠭᠤᠷ ᠤ᠋ᠨ ᠳᠠᠭᠤ ᠬᠦᠩᠭᠢᠨᠡᠨ ᠡᠭᠡᠰᠢᠭᠯᠡᠬᠦ ᠨᠢ ᠲᠩᠷᠢ ᠭᠠᠵᠠᠷ ᠢ᠋ ᠳᠦᠭᠦᠷᠭᠡᠨ᠎ᠡ᠃ᠮᠣᠩᠭᠣᠯᠴᠤᠳ ᠤ᠋ᠨ ᠵᠢᠷᠭᠠᠯ ᠴᠡᠩᠭᠡᠯ ᠨᠢ ᠳᠠᠭᠤᠤ ᠪᠥᠵᠢᠭ᠂ ᠨᠠᠢᠷ ᠪᠢᠯᠡ᠃
ᠬᠠᠷᠢᠨ ᠡᠨᠡ ᠨᠠᠢᠷ ᠤ᠋ᠨ ᠬᠠᠮᠤᠭ ᠤ᠋ᠨ ᠬᠦᠨᠳᠦᠲᠡᠢ ᠵᠣᠴᠢᠨ ᠪᠠᠢᠬᠤ ᠶᠣᠰᠣᠲᠠᠢ ᠭᠡᠵᠦ ᠲᠡᠮᠦᠵᠢᠨ ᠦ᠌ ᠲᠣᠭᠠᠴᠠᠵᠤ ᠤᠷᠢᠭᠰᠠᠨ ᠬᠡᠷᠡᠢᠳ ᠠᠢᠮᠠᠭ ᠤ᠋ᠨ ᠲᠤᠭᠤᠷᠢᠯ ᠬᠠᠨ᠂ ᠵᠠᠳᠠᠷᠠᠨ ᠠᠢᠮᠠᠭ ᠤ᠋ᠨ ᠵᠠᠮᠤᠬ᠎ᠠ ᠬᠣᠶᠠᠷ ᠢᠷᠡᠭᠰᠡᠨ ᠦᠭᠡᠢ ᠨᠢ ᠲᠡᠭᠦᠨ ᠢ᠋ ᠲᠦᠮᠡᠨ ᠪᠣᠳᠣᠯ᠂ ᠮᠢᠩᠭᠠᠨ ᠡᠷᠡᠭᠡᠯᠵᠡᠭᠡᠨ ᠳ᠋ᠦ᠍ ᠤᠨᠠᠭᠠᠪᠠ᠃ᠵᠢᠯ ᠬᠠᠭᠠᠰ ᠬᠠᠮᠲᠤ ᠠᠮᠢᠳᠤᠷᠠᠭᠠᠳ ᠰᠠᠯᠵᠤ ᠨᠡᠭᠦᠭᠰᠡᠨ ᠴᠦ᠍ ᠲᠡᠮᠦᠵᠢᠨ ᠵᠠᠮᠤᠬ᠎ᠠ ᠶ᠋ᠢ ᠠᠨᠳᠠ ᠨᠥᠬᠥᠷ ᠢ᠋ᠶ᠋ᠡᠨ ᠭᠡᠵᠦ ᠦᠵᠡᠭᠰᠡᠭᠡᠷ ᠠᠵᠢ᠃ᠬᠠᠮᠤᠭ ᠤ᠋ᠨ ᠢᠯᠡ ᠲᠣᠳᠣ ᠵᠦᠢᠯ ᠨᠢ ᠲᠡᠮᠦᠵᠢᠨ ᠦ᠌ ᠰᠠᠨᠠᠭᠠᠨ ᠳ᠋ᠤ᠌ ᠦᠭᠡᠢ ᠣᠯᠤᠭᠰᠠᠨ ᠠᠮᠵᠢᠯᠲᠠ᠂ ᠪᠣᠷᠵᠢᠭᠢᠨ ᠠᠢᠮᠠᠭ ᠤ᠋ᠨ ᠬᠠᠨ ᠳ᠋ᠤ᠌ ᠡᠷᠭᠦᠮᠵᠢᠯᠡᠭᠳᠡᠭᠰᠡᠨ ᠵᠡᠷᠭᠡ ᠨᠢ ᠬᠠᠭᠤᠴᠢᠨ ᠬᠣᠯᠪᠣᠭᠠᠲᠠᠨ ᠨᠤᠭᠤᠳ ᠲᠤᠨᠢ ᠲᠠᠭᠠᠯᠠᠭᠳᠠᠭᠰᠠᠨ ᠦᠭᠡᠢ᠃ᠥᠭᠭᠢᠶᠡᠮᠦᠷ ᠰᠡᠳᠬᠢᠯ ᠲᠡᠢ ᠬᠠᠮᠰᠠᠭᠠᠲᠠᠨ ᠨᠢ ᠨᠢᠳᠦᠨ ᠦ᠌ ᠬᠢᠨᠢ ᠡᠮᠦᠨ᠎ᠡ ᠥᠰᠲᠦ ᠳᠠᠢᠰᠤᠨ ᠪᠣᠯᠤᠨ ᠬᠤᠪᠢᠷᠠᠵᠤ ᠪᠠᠢᠭ᠎ᠠ ᠶ᠋ᠢ ᠲᠡᠮᠦᠵᠢᠨ ᠮᠡᠳᠡᠷᠡᠵᠦ ᠪᠠᠢᠪᠠ᠃ᠥᠪᠡᠷ ᠢ᠋ ᠪᠡᠨ ᠬᠡᠨ ᠪᠠᠢᠭᠰᠠᠨ ᠢ᠋᠂ ᠣᠳᠣ ᠬᠡᠨ ᠪᠣᠯᠤᠭᠠᠳ ᠪᠠᠢᠭ᠎ᠠ ᠶ᠋ᠢ᠂ ᠲᠡᠳᠡᠨ ᠦ᠌ ᠠᠳᠠᠯᠢ ᠡᠷᠬᠡ ᠳᠠᠷᠬ᠎ᠠ ᠲᠠᠢ᠂ ᠴᠡᠷᠢᠭ ᠵᠡᠪᠰᠡᠭ ᠲᠡᠢ ᠪᠡᠶ᠎ᠡ ᠪᠡᠨ ᠳᠠᠭᠠᠭᠠᠭᠰᠠᠨ ᠠᠢᠮᠠᠭ ᠤ᠋ᠨ ᠬᠠᠨ ᠪᠣᠯᠤᠭᠰᠠᠨ ᠢ᠋ᠶ᠋ᠠᠨ ᠦᠵᠡᠭᠦᠯᠦᠶ᠎ᠡ ᠭᠡᠵᠦ ᠰᠠᠨᠠᠭᠰᠠᠨ ᠴᠤ᠌ ᠲᠡᠳᠡ ᠡᠭᠦᠨ ᠢ᠋ ᠲᠡᠭᠦᠨ ᠡᠴᠡ ᠤᠷᠢᠲᠠᠨ ᠠᠯᠢ ᠡᠷᠲᠡ ᠮᠡᠳᠡᠭᠰᠡᠨ᠂ ᠲᠡᠷᠡ ᠪᠤᠤ ᠬᠡᠯᠡ ᠣᠳᠣ ᠳᠠᠢᠰᠤᠨ ᠪᠢᠰᠢ ᠶᠤᠮ ᠠ᠋ ᠭᠡᠬᠦ ᠳ᠋ᠦ᠍ ᠥᠷᠢᠰᠦᠯᠳᠦᠭᠴᠢ ᠪᠡᠨ ᠭᠡᠵᠦ ᠦᠵᠡᠵᠦ ᠪᠠᠢᠭ᠎ᠠ ᠨᠢ ᠢᠯᠡᠳᠲᠡ᠃ᠡᠨᠡ ᠶᠠᠪᠤᠳᠠᠯ ᠨᠢᠭᠡ ᠲᠠᠯ᠎ᠠ ᠡᠴᠡ ᠪᠠᠬᠠᠲᠠᠢ ᠴᠤ᠌ ᠨᠥᠭᠦᠭᠡ ᠲᠠᠯ᠎ᠠ ᠡᠴᠡ ᠬᠠᠵᠠᠭᠤ ᠬᠠᠪᠢᠷᠭᠠᠨ ᠳ᠋ᠠᠭᠠᠨ ᠳᠠᠢᠰᠤᠨ ᠲᠠᠢ ᠠᠮᠢᠳᠤᠷᠠᠬᠤ ᠭᠡᠳᠡᠭ ᠴᠢᠨᠣ᠎ᠠ ᠶ᠋ᠢᠨ ᠰᠦᠷᠦᠭ ᠳᠤᠮᠳᠠ ᠭᠠᠷ ᠬᠣᠭᠣᠰᠣᠨ ᠵᠣᠭᠰᠣᠭ᠎ᠠ ᠶᠤᠮ ᠰᠢᠭ᠋ ᠯᠡ ᠰᠠᠨᠠᠭᠳᠠᠨ᠎ᠠ᠃ᠵᠠᠮᠤᠬ᠎ᠠ ᠶ᠋ᠢᠨ ᠳᠡᠷᠭᠡᠳᠡ ᠪᠠᠢᠭᠰᠠᠨ ᠪᠣᠷᠵᠢᠭᠢᠨ᠂ ᠲᠡᠷᠡ ᠪᠤᠤ ᠬᠡᠯᠡ ᠲᠠᠢᠴᠢᠭᠤᠳ ᠂ ᠵᠦᠷᠬᠢᠨ ᠭᠡᠳ ᠬᠠᠭᠤᠴᠢᠨ ᠣᠪᠣᠭ ᠤ᠋ᠳ ᠪᠦᠭᠦᠳᠡ ᠰᠠᠯᠵᠤ ᠲᠡᠮᠦᠵᠢᠨ ᠳ᠋ᠦ᠍ ᠳᠠᠭᠠᠵᠤ ᠢᠷᠡᠭᠰᠡᠨ ᠨᠢ ᠵᠠᠮᠤᠬ᠎ᠠ ᠶ᠋ᠢᠨ ᠡᠭᠳᠡᠭᠦᠴᠡᠯ ᠢ᠋ ᠶᠠᠭᠤ ᠶᠠᠭᠤᠨ ᠡᠴᠡ ᠢᠯᠡᠭᠦᠦ ᠲᠥᠷᠥᠭᠦᠯᠵᠦ ᠪᠠᠢᠯ᠎ᠠ᠃ᠡᠳᠦᠷ ᠡᠴᠡ ᠡᠳᠦᠷ ᠲᠦ᠍ ᠥᠰᠴᠦ ᠪᠠᠢᠭᠰᠠᠨ ᠲᠡᠮᠦᠵᠢᠨ ᠦ᠌ ᠨᠡᠷ᠎ᠡ ᠬᠦᠨᠳᠦ ᠣᠯᠠᠨ ᠬᠥᠮᠦᠨ ᠢ᠋ ᠲᠦᠭᠰᠢᠭᠦᠯᠵᠦ ᠪᠠᠢᠪᠠ᠃ᠢᠯᠡᠭᠦᠦ ᠨᠡᠢᠲᠡᠴᠢ᠂ ᠶᠠᠳᠠᠭᠤ ᠵᠦᠳᠡᠭᠦᠦ ᠶᠠᠪᠤᠭᠰᠠᠨ᠂ ᠨᠥᠬᠥᠳ ᠦ᠋ᠨ ᠢ᠋ᠶ᠋ᠡᠨ ᠭᠠᠪᠢᠶ᠎ᠠ ᠵᠢᠳᠬᠦᠯ ᠢ᠋ ᠰᠢᠳᠤᠷᠭᠤ ᠪᠠᠷ ᠬᠠᠷᠠᠮ ᠦᠭᠡᠢ ᠦᠨᠡᠯᠡᠵᠦ ᠶᠠᠭᠤᠮ᠎ᠠ ᠪᠦᠬᠦᠨ ᠳ᠋ᠦ᠍ ᠬᠡᠷᠰᠡᠦ ᠤᠬᠠᠭᠠᠨ ᠵᠠᠷᠤᠵᠤ ᠴᠢᠳᠠᠳᠠᠭ ᠢ᠋ᠶ᠋ᠠᠷ ᠢ᠋ᠶ᠋ᠠᠨ ᠲᠡᠮᠦᠵᠢᠨ ᠪᠤᠰᠤᠳ ᠡᠴᠡ ᠢᠯᠭᠠᠷᠠᠵᠤ ᠴᠢᠳᠠᠭᠰᠠᠨ ᠠᠭᠠᠳ ᠲᠡᠭᠦᠨ ᠦ᠌ ᠬᠢᠨᠢ ᠠᠮᠢᠳᠤ ᠪᠠᠲᠤᠯᠠᠭ᠎ᠠ ᠪᠣᠯᠤᠭᠰᠠᠨ ᠵᠢᠷ ᠦ᠋ᠨ ᠠᠷᠠᠳ ᠤ᠋ᠨ ᠬᠥᠪᠡᠭᠦᠨ ᠪᠣᠭᠣᠷᠴᠢ᠂ ᠪᠣᠭᠣᠯ ᠵᠡᠯᠮ᠎ᠡ ᠭᠡᠳ ᠣᠯᠠᠨ ᠨᠥᠬᠥᠳ ᠨᠢ ᠣᠳᠣ ᠬᠦᠨᠳᠦᠲᠡᠢ ᠨᠣᠶᠠᠳ ᠤ᠋ᠨ ᠵᠡᠷᠭᠡ ᠳ᠋ᠦ᠍ ᠵᠠᠯᠠᠭᠳᠠᠨ ᠲᠡᠮᠦᠵᠢᠨ ᠦ᠌ ᠰᠠᠨᠠᠵᠤ ᠰᠡᠳᠦᠭᠰᠡᠨ ᠪᠦᠬᠦᠨ ᠢ᠋ ᠤᠳᠤᠷᠢᠳᠤᠨ ᠬᠡᠷᠡᠭᠵᠢᠭᠦᠯᠵᠦ ᠮᠣᠩᠭᠣᠯ ᠤ᠋ᠨ ᠲᠠᠯ᠎ᠠ ᠨᠤᠲᠤᠭ ᠲᠤ᠌ ᠪᠠᠢᠭ᠎ᠠ ᠦᠭᠡᠢ ᠰᠣᠳᠣᠨ ᠰᠣᠨᠢᠨ ᠵᠣᠬᠢᠶᠠᠨ ᠪᠠᠢᠭᠤᠯᠤᠯᠲᠠ ᠪᠦᠬᠦᠢ ᠠᠷᠪᠠᠲᠤ᠂ ᠵᠠᠭᠤᠲᠤ᠂ ᠮᠢᠩᠭᠠᠲᠤ ᠴᠡᠷᠢᠭ ᠢ᠋ ᠵᠠᠰᠠᠵᠤ᠂ ᠰᠠᠭᠤᠷᠢᠨ ᠣᠷᠳᠣᠨ ᠤ᠋ ᠠᠵᠢᠯ ᠢ᠋ ᠲᠢᠭᠯᠡᠨ ᠬᠥᠭᠵᠢᠭᠦᠯᠵᠦ ᠪᠠᠢᠭ᠎ᠠ ᠨᠢ ᠪᠦᠭᠦᠳᠡ ᠶ᠋ᠢᠨ ᠨᠢᠳᠦᠨ ᠳ᠋ᠦ᠍ ᠢᠯᠡᠳᠲᠡ ᠪᠠᠢᠯ᠎ᠠ᠃ᠲᠡᠮᠦᠵᠢᠨ ᠪᠣᠷᠵᠢᠭᠢᠨ ᠠᠢᠮᠠᠭ ᠤ᠋ᠨ ᠬᠢᠨ ᠦ᠌ ᠬᠦᠰᠡᠵᠦ ᠪᠠᠢᠭᠰᠠᠨ ᠰᠢᠨ᠎ᠡ ᠤᠳᠤᠷᠢᠳᠤᠭᠴᠢ ᠮᠥᠨ ᠨᠢ ᠭᠠᠷᠴᠠᠭ᠎ᠠ ᠦᠭᠡᠢ ᠪᠠᠢᠪᠠ᠃ᠲᠡᠮᠦᠵᠢᠨ ᠦ᠌ ᠦᠵᠡᠵᠦ ᠥᠩᠭᠡᠷᠡᠭᠦᠯᠦᠭᠰᠡᠨ ᠥᠨᠥᠴᠢᠨ ᠶᠠᠳᠠᠭᠤ ᠠᠮᠢᠳᠤᠷᠠᠯ᠂ ᠭᠣᠣᠯᠴᠢ ᠰᠢᠳᠤᠷᠭᠤ ᠴᠢᠨᠠᠷ᠂ ᠡᠩ ᠦ᠋ᠨ ᠬᠡ ᠦᠭᠡᠢ ᠵᠠᠬ᠎ᠠ ᠳ᠋ᠤ᠌ ᠣᠯᠠᠨ ᠢ᠋ᠶ᠋ᠠᠷ ᠲᠠᠲᠠᠭᠳᠠᠵᠤ ᠪᠠᠢᠯ᠎ᠠ᠃
ᠵᠥᠴᠢ ᠬᠥᠪᠡᠭᠦᠨ ᠡᠴᠡ ᠡᠭᠦᠰᠦᠯᠲᠡᠢ ᠪᠥᠷᠲᠡ ᠲᠡᠮᠦᠵᠢᠨ ᠬᠣᠶᠠᠷ ᠤ᠋ᠨ ᠵᠥᠷᠢᠴᠡᠯ ᠠᠢᠮᠠᠭ ᠤᠯᠤᠰ ᠢ᠋ᠶ᠋ᠠᠨ ᠲᠥᠪᠬᠢᠨᠡᠭᠦᠯᠬᠦ ᠶᠡᠬᠡ ᠠᠵᠢᠯ ᠤ᠋ᠨ ᠳᠤᠮᠳᠠ ᠳᠠᠷᠤᠭᠳᠠᠨ ᠭᠡᠷ ᠦ᠋ᠨ ᠳᠣᠲᠣᠷ᠎ᠠ ᠲᠠᠭᠠᠲᠠᠢ ᠠᠭᠤᠷ ᠠᠮᠢᠰᠬᠤᠯ ᠪᠦᠷᠢᠳᠴᠦ ᠵᠥᠴᠢ ᠶ᠋ᠢᠨ ᠮᠡᠷᠭᠢᠳ ᠭᠠᠷᠤᠯ ᠢ᠋ ᠪᠠᠷᠤᠭ ᠮᠠᠷᠲᠠᠭᠠᠳ ᠪᠠᠢᠲᠠᠯ᠎ᠠ ᠨᠢᠭᠡ ᠨᠣᠴᠢᠲᠠᠢ ᠶᠠᠪᠤᠳᠠᠯ ᠪᠣᠯᠵᠠᠢ᠃ᠳᠡᠷᠭᠡᠳᠡ ᠨᠢ ᠳᠠᠭᠠᠵᠤ ᠪᠠᠢᠭᠰᠠᠨ ᠪᠣᠷᠵᠢᠭᠢᠨ ᠠᠢᠮᠠᠭ ᠤ᠋ᠨ ᠬᠢᠨ ᠢ᠋ᠶ᠋ᠡᠷ ᠴᠦ᠍ ᠵᠣᠭᠰᠣᠬᠤ ᠦᠭᠡᠢ ᠬᠠᠮᠢᠶᠠᠲᠠᠨ ᠰᠠᠳᠤᠨ ᠨᠤᠭᠤᠳ ᠨᠢ ᠬᠦᠷᠲᠡᠯ᠎ᠡ ᠰᠠᠯᠵᠤ ᠲᠡᠮᠦᠵᠢᠨ ᠳ᠋ᠦ᠍ ᠣᠴᠢᠵᠤ ᠨᠡᠢᠯᠡᠭᠰᠡᠨ ᠳ᠋ᠦ᠍ ᠵᠠᠮᠤᠬ᠎ᠠ ᠶ᠋ᠢᠨ ᠬᠣᠷᠣᠰᠤᠯ᠂ ᠠᠲᠠᠭᠠᠷᠬᠠᠯ ᠲᠤᠢᠯ ᠳ᠋ᠠᠭᠠᠨ ᠬᠦᠷᠴᠡᠢ᠃ᠴᠣᠬᠣᠮ ᠡᠨᠡ ᠦᠶ᠎ᠡ ᠳ᠋ᠦ᠍ ᠵᠠᠮᠤᠬ᠎ᠠ ᠶ᠋ᠢᠨ ᠳᠡᠭᠦᠦ ᠲᠠᠢᠴᠢᠷ ᠢ᠋ ᠠᠳᠤᠭᠤ ᠳᠡᠭᠡᠷᠡᠮᠳᠡᠭᠰᠡᠨ ᠡᠴᠡ ᠪᠣᠯᠵᠤ ᠲᠡᠮᠦᠵᠢᠨ ᠦ᠌ ᠲᠠᠯ᠎ᠠ ᠶ᠋ᠢᠨ ᠬᠥᠮᠦᠨ ᠬᠠᠷᠪᠤᠵᠤ ᠠᠯᠠᠭᠰᠠᠨ ᠬᠡᠷᠡᠭ ᠮᠠᠨᠳᠤᠪᠠ᠃ᠡᠢᠮᠦ ᠶᠠᠪᠤᠳᠠᠯ ᠪᠣᠯᠤᠭᠰᠠᠨ ᠨᠢ ᠠᠲᠠᠭᠠᠷᠬᠠᠨ ᠬᠣᠷᠣᠰᠴᠤ᠂ ᠳᠠᠢᠰᠤᠩᠨᠠᠨ ᠳᠣᠪᠲᠣᠯᠬᠤ ᠰᠢᠯᠲᠠᠭ ᠡᠷᠢᠯᠬᠢᠯᠡᠵᠦ ᠪᠠᠢᠭᠰᠠᠨ ᠵᠠᠮᠤᠬ᠎ᠠ ᠳ᠋ᠤ᠌ ᠰᠠᠢᠬᠠᠨ ᠳᠡᠯᠢᠮ ᠪᠣᠯᠵᠠᠢ᠃ᠵᠠᠮᠤᠬ᠎ᠠ ᠴᠠᠭ ᠠᠯᠳᠠᠯ ᠦᠭᠡᠢ ᠰᠢᠭᠤᠷᠬᠠᠢᠯᠠᠨ ᠬᠥᠳᠡᠯᠵᠦ ᠴᠡᠷᠢᠭ ᠢ᠋ᠶ᠋ᠡᠨ ᠵᠠᠰᠠᠨ ᠲᠡᠮᠦᠵᠢᠨ ᠦ᠌ ᠬᠦᠷᠢᠶ᠎ᠡ ᠶ᠋ᠢ ᠳᠠᠭᠠᠷᠢᠪᠠ᠃ᠠᠢᠮᠠᠭ ᠳᠣᠲᠣᠷᠠᠬᠢ ᠬᠦᠴᠦ ᠪᠡᠨ ᠪᠡᠬᠢᠯᠡᠵᠦ ᠠᠮᠵᠢᠭ᠎ᠠ ᠦᠭᠡᠢ ᠳᠥᠩᠭᠡᠵᠢ ᠨᠢᠭᠡᠳᠴᠦ ᠲᠣᠭᠲᠠᠭᠰᠠᠨ ᠲᠡᠮᠦᠵᠢᠨ ᠦ᠌ ᠴᠡᠷᠢᠭ ᠦ᠋ᠨ ᠬᠦᠴᠦ ᠰᠤᠯᠠ ᠪᠠᠢᠭ᠎ᠠ ᠨᠢ ᠳᠣᠣᠷ᠎ᠠ ᠪᠠᠨ ᠯᠠ ᠮᠡᠳᠡᠭᠳᠡᠵᠦ ᠪᠣᠷᠵᠢᠭᠢᠨ ᠠᠢᠮᠠᠭ ᠲᠤ᠌ ᠦᠬᠦᠯ ᠦ᠋ᠨ ᠠᠶᠤᠯ ᠲᠤᠯᠤᠭᠰᠠᠨ ᠪᠢᠯᠡ᠃ᠵᠠᠮᠤᠬ᠎ᠠ ᠶ᠋ᠢᠨ ᠳᠠᠢᠳᠤᠵᠤ ᠰᠤᠷᠤᠭᠰᠠᠨ ᠴᠡᠷᠢᠭ ᠦ᠋ᠨ ᠥᠭᠡᠳᠡ ᠡᠴᠡ ᠲᠡᠮᠦᠵᠢᠨ ᠦ᠌ ᠴᠥᠭᠡᠨ ᠴᠡᠷᠢᠭ ᠡᠰᠡᠷᠭᠦᠴᠡᠯ ᠦᠵᠡᠭᠦᠯᠵᠦ ᠴᠢᠳᠠᠯ ᠦᠭᠡᠢ ᠬᠡᠳᠦᠬᠡᠨ ᠬᠣᠨᠣᠭ ᠤ᠋ᠨ ᠳᠣᠲᠣᠷ᠎ᠠ ᠴᠣᠬᠢᠭᠳᠠᠨ ᠪᠤᠲᠠᠷᠠᠵᠠᠢ᠃ᠡᠨᠡ ᠳᠣᠯᠣᠭᠠᠨ ᠤ᠋ ᠦᠶ᠎ᠡ ᠳ᠋ᠦ᠍ ᠲᠡᠮᠦᠵᠢᠨ ᠦᠯᠡᠳᠡᠭᠰᠡᠨ ᠴᠥᠭᠡᠨ ᠴᠡᠷᠢᠭ᠂ ᠦᠨᠡᠨᠴᠢ ᠨᠥᠬᠥᠳ ᠦ᠋ᠨ ᠬᠠᠮᠲᠤ ᠤᠨᠤᠨ ᠤ᠋ ᠳᠡᠭᠡᠳᠦ ᠪᠡᠶ᠎ᠡ ᠶ᠋ᠢᠨ ᠵᠡᠭᠡᠷᠡᠨ ᠬᠠᠪᠴᠢᠯ ᠳ᠋ᠤ᠌ ᠰᠢᠬᠠᠭᠳᠠᠨ ᠣᠷᠣᠪᠠ᠃ᠵᠠᠮᠤᠬ᠎ᠠ ᠶ᠋ᠢᠨ ᠴᠡᠷᠢᠭ ᠲᠡᠮᠦᠵᠢᠨ ᠢ᠋ ᠬᠠᠪᠴᠢᠯ ᠡᠴᠡ ᠭᠠᠷᠬᠤ ᠶ᠋ᠢ ᠬᠦᠯᠢᠶᠡᠨ ᠵᠡᠭᠡᠷᠡᠨ ᠬᠠᠪᠴᠢᠯ ᠤ᠋ᠨ ᠠᠮᠠ ᠶ᠋ᠢ ᠬᠠᠭᠠᠨ ᠲᠠᠢᠪᠤᠩ ᠬᠦᠯᠢᠶᠡᠨ ᠰᠠᠭᠤᠪᠠ᠃ᠤᠨᠤᠨ ᠮᠥᠷᠡᠨ ᠦ᠌ ᠵᠡᠭᠡᠷᠡᠨ ᠬᠠᠪᠴᠢᠯ ᠢᠩᠭᠢᠵᠦ ᠦᠬᠦᠯ ᠦ᠋ᠨ ᠤᠭᠤᠲᠠ᠂ ᠪᠣᠷᠵᠢᠭᠢᠨ ᠠᠢᠮᠠᠭ ᠤ᠋ᠨ ᠰᠡᠭᠦᠯᠴᠢ ᠶ᠋ᠢᠨ ᠠᠪᠰᠠ ᠪᠣᠯᠤᠨ ᠬᠤᠪᠢᠷᠠᠪᠠ᠃
ᠡᠨᠡ ᠶᠠᠪᠤᠳᠠᠯ ᠲᠡᠮᠦᠵᠢᠨ ᠦ᠌ ᠬᠤᠪᠢ ᠳ᠋ᠤ᠌ ᠦᠬᠦᠯ᠂ ᠪᠣᠷᠵᠢᠭᠢᠨ ᠠᠢᠮᠠᠭ ᠤ᠋ᠨ ᠬᠤᠪᠢ ᠳ᠋ᠤ᠌ ᠰᠦᠢᠷᠡᠯ ᠪᠣᠯᠵᠤ ᠪᠠᠢᠯ᠎ᠠ᠃ᠵᠠᠮᠤᠬ᠎ᠠ ᠶ᠋ᠢ ᠢᠩᠭᠢᠵᠦ ᠠᠨᠳᠠ ᠶ᠋ᠢᠨ ᠲᠠᠩᠭᠠᠷᠢᠭ ᠢ᠋ᠶ᠋ᠠᠨ ᠡᠪᠳᠡᠨ ᠳᠣᠪᠲᠣᠯᠤᠨ᠎ᠠ ᠭᠡᠵᠦ ᠲᠡᠮᠦᠵᠢᠨ ᠰᠠᠨᠠᠭ᠎ᠠ ᠦᠭᠡᠢ ᠪᠢᠯᠡ᠃ᠠᠳᠤᠭᠤ ᠬᠤᠯᠠᠭᠠᠢᠯᠠᠭᠰᠠᠨ ᠨᠢ ᠵᠠᠮᠤᠬ᠎ᠠ ᠶ᠋ᠢᠨ ᠳᠡᠭᠦᠦ ᠲᠠᠢᠴᠢᠷ ᠤ᠋ᠨ ᠪᠤᠷᠤᠭᠤ ᠠᠲᠠᠯ᠎ᠠ ᠡᠢᠮᠦ ᠬᠡᠷᠡᠭ ᠢ᠋ᠶ᠋ᠡᠷ ᠰᠢᠯᠲᠠᠭᠯᠠᠨ ᠳᠣᠪᠲᠣᠯᠤᠭᠰᠠᠨ ᠨᠢ ᠵᠠᠮᠤᠬ᠎ᠠ ᠶ᠋ᠢᠨ ᠳᠠᠯᠳᠠ ᠬᠣᠣᠷᠲᠠᠢ ᠪᠣᠳᠣᠯ ᠢ᠋ ᠢᠯᠡᠴᠢᠯᠡᠵᠦ ᠲᠡᠮᠦᠵᠢᠨ ᠢ᠋ ᠳᠠᠷᠤᠨ ᠰᠥᠨᠥᠭᠡᠬᠦ ᠶ᠋ᠢ ᠬᠦᠰᠡᠵᠦ᠂ ᠰᠢᠯᠲᠠᠭ ᠬᠦᠯᠢᠶᠡᠵᠦ ᠪᠠᠢᠭᠰᠠᠨ ᠨᠢ ᠲᠣᠳᠣᠷᠬᠠᠢ ᠪᠣᠯᠪᠠ᠃《ᠵᠠᠮᠤᠬ᠎ᠠ ᠳ᠋ᠤ᠌ ᠢᠲᠡᠭᠡᠵᠦ ᠪᠣᠯᠬᠤ ᠦᠭᠡᠢ᠂ ᠲᠤᠢᠯ ᠤ᠋ᠨ ᠣᠰᠤᠯᠲᠠᠢ ᠬᠥᠮᠦᠨ》 ᠭᠡᠵᠦ ᠪᠥᠷᠲᠡ ᠢᠨᠠᠭᠯᠠᠬᠤ ᠠᠮᠠᠷᠠᠭᠯᠠᠬᠤ ᠶ᠋ᠢᠨ ᠵᠠᠪᠰᠠᠷ ᠬᠡᠷᠡᠭ ᠪᠣᠯᠭᠠᠨ ᠰᠠᠨᠠᠭᠤᠯᠤᠭᠰᠠᠭᠠᠷ ᠪᠠᠢᠬᠤ ᠳ᠋ᠤ᠌ ᠲᠡᠭᠦᠨ ᠦ᠌ ᠡᠨᠡ ᠰᠡᠷᠡᠮᠵᠢᠯᠡᠭᠦᠯᠭᠡ ᠶ᠋ᠢ ᠡᠮ᠎ᠡ ᠬᠥᠮᠦᠨ ᠦ᠌ ᠪᠣᠭᠣᠨᠢ ᠤᠬᠠᠭᠠᠨ᠂ ᠪᠣᠳᠣᠯᠭ᠎ᠠ ᠦᠭᠡᠢ ᠦᠭᠡ ᠭᠡᠵᠦ ᠦᠯᠦ ᠲᠣᠭᠣᠮᠰᠠᠷᠯᠠᠵᠤ ᠪᠠᠢᠭᠰᠠᠨ ᠳ᠋ᠠᠭᠠᠨ ᠬᠠᠷᠠᠮᠰᠠᠪᠠᠴᠤ ᠣᠷᠣᠢᠲᠠᠭᠰᠠᠨ ᠪᠠᠢᠯ᠎ᠠ᠃ᠦᠨᠡᠨ ᠳ᠋ᠡᠭᠡᠨ ᠲᠡᠮᠦᠵᠢᠨ ᠰᠡᠳᠬᠢᠯ ᠦ᠋ᠨ ᠭᠦᠨ ᠳ᠋ᠦ᠍ ᠵᠠᠮᠤᠬ᠎ᠠ ᠳ᠋ᠤ᠌ ᠢᠲᠡᠭᠡᠵᠦ ᠪᠦᠷ ᠲᠡᠭᠦᠨ ᠡᠴᠡ ᠰᠠᠯᠤᠭᠰᠠᠨ ᠳ᠋ᠠᠭᠠᠨ ᠥᠪᠡᠷ ᠢ᠋ ᠪᠡᠨ ᠪᠤᠷᠤᠭᠤᠳᠬᠠᠨ ᠵᠢᠮᠡᠯᠡᠭᠰᠡᠭᠡᠷ ᠪᠠᠢᠵᠠᠢ᠃《ᠵᠠᠮᠤᠬ᠎ᠠ ᠪᠣᠯ ᠬᠠᠨᠢ ᠪᠣᠯᠬᠤ ᠦᠭᠡᠢ ᠬᠥᠮᠦᠨ᠂ ᠶᠠᠪᠤᠭᠰᠠᠭᠠᠷ ᠭᠠᠢ ᠵᠣᠪᠠᠯᠠᠩ ᠤᠴᠠᠷᠠᠭᠤᠯᠬᠤ ᠨᠥᠬᠥᠷ》 ᠭᠡᠵᠦ ᠳᠠᠪ ᠲᠩᠷᠢ ᠶ᠋ᠢᠨ ᠬᠡᠯᠡᠭᠰᠡᠨ ᠳ᠋ᠦ᠍ ᠴᠦ᠍ ᠲᠡᠷᠡ ᠢᠳᠡᠭᠡ ᠦᠭᠡᠢ ᠶᠤᠮ᠃ᠵᠠᠮᠤᠬ᠎ᠠ ᠶ᠋ᠢᠨ ᠡᠢᠨ ᠬᠦ᠌ ᠭᠡᠨᠡᠳᠲᠡ ᠳᠣᠪᠲᠣᠯᠤᠭᠰᠠᠨ ᠨᠢ ᠲᠡᠮᠦᠵᠢᠨ ᠳ᠋ᠦ᠍ ᠰᠡᠳᠬᠢᠯ ᠰᠠᠨᠠᠭᠠᠨ ᠤ᠋ ᠠᠶᠤᠮᠰᠢᠭᠲᠤ ᠴᠣᠬᠢᠯᠲᠠ ᠪᠣᠯᠪᠠ᠃ᠭᠠᠭᠴᠠ ᠦᠨᠡᠨᠴᠢ ᠬᠣᠯᠪᠣᠭᠠᠲᠠᠨ ᠢ᠋ᠶ᠋ᠠᠨ ᠭᠡᠵᠦ ᠢᠳᠡᠭᠡᠨ ᠠᠨᠳᠠ ᠨᠥᠬᠥᠷ ᠦ᠋ᠨ ᠠᠨᠳᠠᠭᠠᠢ ᠲᠠᠩᠭᠠᠷᠢᠭ ᠲᠠᠯᠪᠢᠭᠰᠠᠨ ᠵᠠᠮᠤᠬ᠎ᠠ ᠠᠳᠤᠭᠤᠨ ᠤ᠋ ᠬᠤᠯᠠᠭᠠᠢ ᠶ᠋ᠢᠨ ᠥᠴᠦᠬᠡᠨ ᠬᠡᠷᠡᠭ ᠢ᠋ᠶ᠋ᠡᠷ ᠰᠢᠯᠲᠠᠭᠯᠠᠨ ᠳᠣᠪᠲᠣᠯᠤᠭᠰᠠᠨ ᠨᠢ ᠲᠡᠮᠦᠵᠢᠨ ᠦ᠌ ᠠᠨᠳᠠ ᠶ᠋ᠢᠨ ᠢᠲᠡᠭᠡᠯ᠂ ᠦᠨᠡᠨᠴᠢ ᠨᠥᠬᠥᠷᠯᠡᠯ ᠦ᠋ᠨ ᠲᠤᠬᠠᠢ ᠪᠣᠳᠣᠯ ᠰᠠᠨᠠᠭ᠎ᠠ ᠶ᠋ᠢ ᠭᠦᠨᠵᠡᠭᠡᠢ ᠶᠡᠬᠡ ᠪᠡᠷ ᠬᠤᠪᠢᠷᠠᠭᠠᠵᠤ ᠬᠡᠨ ᠳ᠋ᠦ᠍ ᠴᠦ᠍ ᠪᠠᠲᠤ ᠬᠠᠲᠠᠭᠤ ᠪᠠᠷ ᠢᠳᠡᠭᠡᠨ ᠨᠠᠢᠳᠠᠵᠤ ᠪᠣᠯᠬᠤ ᠦᠭᠡᠢ ᠶ᠋ᠢ ᠤᠬᠠᠭᠠᠷᠠᠭᠤᠯᠵᠠᠢ᠃ᠠᠵᠠ ᠪᠣᠯᠬᠤ ᠳ᠋ᠤ᠌ ᠲᠡᠮᠦᠵᠢᠨ ᠭᠡᠷ ᠣᠷᠣᠨ᠂ ᠬᠥᠪᠡᠭᠦᠨ ᠢ᠋ᠶ᠋ᠡᠨ ᠳᠦᠷᠪᠡᠭᠦᠯᠦᠨ ᠵᠢᠭᠤᠳᠠᠭᠠᠯᠭᠠᠵᠦ ᠠᠮᠵᠢᠪᠠ᠃ᠳᠡᠭᠡᠭᠡ ᠦᠭᠡᠢ ᠪᠣᠯ ᠲᠡᠭᠦᠨ ᠦ᠌ ᠬᠥᠪᠡᠭᠦᠳ ᠵᠠᠮᠤᠬ᠎ᠠ ᠶ᠋ᠢᠨ ᠣᠯᠵᠠ ᠪᠣᠯᠬᠤ ᠳ᠋ᠤ᠌ ᠣᠢᠷᠠᠬᠠᠨ ᠪᠠᠢᠭᠰᠠᠨ ᠪᠢᠯᠡ᠃ᠲᠡᠮᠦᠵᠢᠨ ᠦ᠌ ᠡᠢᠮᠦ ᠲᠦᠭᠰᠢᠭᠦᠷᠢᠲᠦ ᠮᠥᠴᠡ ᠶ᠋ᠢ ᠤᠷᠢᠳ ᠨᠢ ᠦᠵᠡᠭᠡ ᠦᠭᠡᠢ ᠶᠤᠮ᠃ᠭᠠᠪᠰᠢᠭᠠᠢ ᠵᠣᠷᠢᠭᠲᠠᠢ ᠪᠣᠭᠣᠯ ᠲᠡᠳᠦ ᠶ᠋ᠢᠨ ᠠᠴᠢ ᠪᠠᠷ ᠭᠡᠷ ᠪᠦᠯᠢ ᠪᠡᠨ ᠦᠬᠦᠯ ᠡᠴᠡ ᠵᠠᠢᠯᠠᠭᠤᠯᠵᠤ ᠴᠢᠳᠠᠭᠠᠳ ᠲᠡᠳᠦ ᠶ᠋ᠢ ᠲᠡᠭᠦᠨ ᠳ᠋ᠦ᠍ ᠢᠯᠡᠭᠡᠭᠰᠡᠨ ᠲᠩᠷᠢ ᠳ᠋ᠦ᠍ ᠲᠠᠯᠠᠷᠬᠠᠨ ᠮᠥᠷᠭᠥᠵᠡᠢ᠃
ᠵᠠᠮᠤᠬ᠎ᠠ ᠳ᠋ᠤ᠌ ᠴᠣᠬᠢᠭᠳᠠᠨ ᠵᠢᠭᠤᠲᠠᠭᠰᠠᠨ ᠲᠡᠮᠦᠵᠢᠨ ᠦ᠌ ᠬᠢᠨ ᠰᠤᠷᠠᠭ ᠲᠠᠰᠤᠷᠠᠭᠠᠳ ᠤᠳᠠᠪᠠ᠃ᠤᠨᠤᠨ ᠮᠥᠷᠡᠨ ᠦ᠌ ᠳᠤᠮᠳᠠ ᠬᠢᠷᠢ ᠳ᠋ᠦ᠍ ᠠᠭᠤᠯᠠ ᠶ᠋ᠢᠨ ᠪᠠᠯᠠᠷ ᠣᠢ ᠳ᠋ᠤ᠌ ᠥᠭᠡᠯᠦᠨ ᠡᠬᠡ᠂ ᠪᠥᠷᠲᠡ ᠬᠣᠶᠠᠷ ᠬᠡᠳᠦᠨ ᠬᠡᠦᠬᠡᠳ ᠦ᠋ᠨ ᠢ᠋ᠶ᠋ᠡᠨ ᠬᠠᠮᠲᠤ ᠵᠥᠴᠢ ᠶ᠋ᠢᠨ ᠪᠣᠭᠣᠯ ᠲᠡᠳᠦ ᠶ᠋ᠢᠨ ᠬᠠᠮᠠᠭᠠᠯᠠᠯ ᠳᠣᠣᠷ᠎ᠠ ᠣᠷᠣᠩᠨᠠᠨ ᠬᠣᠷᠭᠣᠳᠠᠵᠤ᠂《ᠲᠡᠮᠦᠵᠢᠨ ᠦᠬᠦᠪᠡ》 ᠭᠡᠵᠦ ᠬᠡᠵᠢᠶ᠎ᠡ ᠰᠣᠨᠣᠰᠳᠠᠬᠤ ᠪᠣᠯ ᠭᠡᠵᠦ ᠲᠦᠭᠰᠢᠭᠰᠡᠭᠡᠷ ᠬᠣᠨᠣᠭ ᠡᠳᠦᠷ ᠢ᠋ ᠥᠩᠭᠡᠷᠡᠭᠦᠯᠵᠦ ᠪᠠᠢᠯ᠎ᠠ᠃ᠡᠨᠡ ᠦᠶ᠎ᠡ ᠳ᠋ᠦ᠍ ᠵᠥᠴᠢ ᠠᠷᠪᠠᠨ ᠬᠣᠶᠠᠷ ᠨᠠᠰᠤ ᠬᠦᠷᠴᠦ ᠬᠥᠪᠡᠭᠦᠳ ᠦ᠋ᠨ ᠪᠠᠭ᠎ᠠ ᠲᠤᠯᠤᠢ ᠨᠠᠢ᠍ᠮᠠᠨ ᠨᠠᠰᠤᠲᠠᠢ᠂ ᠭᠤᠷᠪᠠᠨ ᠥᠬᠢᠨ ᠨᠢ ᠨᠢᠯᠬ᠎ᠠ᠂ ᠪᠠᠭ᠎ᠠ ᠨᠢ ᠪᠦᠷ ᠬᠥᠬᠥᠯ ᠪᠠᠢᠵᠠᠢ᠃ᠵᠥᠴᠢ᠂ ᠴᠠᠭᠠᠲᠠᠢ ᠬᠣᠶᠠᠷ ᠣᠢᠷᠠᠬᠠᠨ ᠵᠠᠭᠤᠷ᠎ᠠ ᠰᠤᠮᠤ ᠬᠠᠷᠪᠤᠬᠤ ᠲᠠᠢ ᠪᠠᠨ ᠯᠠ ᠪᠣᠯᠵᠠᠢ᠃ᠡᠨᠡ ᠪᠠᠯᠠᠷ ᠣᠢ ᠶ᠋ᠢᠨ ᠭᠦᠨ ᠳ᠋ᠦ᠍ ᠲᠡᠳᠡᠨ ᠢ᠋ ᠬᠠᠮᠠᠭᠠᠯᠠᠨ ᠶᠠᠪᠤᠭ᠎ᠠ ᠴᠥᠭᠡᠨ ᠴᠡᠷᠢᠭ ᠦ᠋ᠨ ᠲᠣᠯᠣᠭᠠᠢᠯᠠᠭᠴᠢ ᠵᠢᠭᠠᠰᠤᠨ ᠨᠢᠳᠦᠲᠦ ᠲᠡᠳᠦ ᠬᠡᠮᠡᠭᠴᠢ ᠡᠷ᠎ᠡ ᠪᠣᠯ ᠲᠡᠮᠦᠵᠢᠨ ᠥᠪᠡᠷ ᠦ᠋ᠨ ᠠᠮᠢ ᠪᠡᠶ᠎ᠡ ᠶ᠋ᠢ ᠬᠠᠮᠠᠭᠠᠯᠠᠭᠤᠯᠬᠤ ᠪᠠᠷ ᠠᠩᠬ᠎ᠠ ᠰᠣᠩᠭᠣᠨ ᠠᠪᠤᠭᠰᠠᠨ ᠬᠠᠮᠤᠭ ᠤ᠋ᠨ ᠰᠢᠯᠢᠳᠡᠭ ᠠᠷᠪᠠᠨ ᠴᠡᠷᠢᠭ ᠦ᠋ᠨ ᠨᠢᠭᠡ ᠶᠤᠮ᠃ᠬᠡᠳᠦᠨ ᠵᠢᠯ ᠦ᠋ᠨ ᠡᠮᠦᠨ᠎ᠡ ᠲᠡᠳᠦ ᠣᠰᠣᠯ ᠭᠠᠷᠭᠠᠬᠤ ᠳ᠋ᠤ᠌ ᠠᠰᠢᠭᠦᠢ ᠵᠥᠴᠢ ᠶ᠋ᠢᠨ ᠣᠢᠭ᠎ᠠ ᠦᠭᠡᠢ ᠭᠤᠶᠤᠭᠰᠠᠨ ᠤ᠋ ᠠᠴᠢ ᠪᠠᠷ ᠲᠡᠮᠦᠵᠢᠨ ᠲᠡᠭᠦᠨ ᠢ᠋ ᠴᠠᠭᠠᠵᠠ ᠪᠠᠷ ᠠᠪᠬᠤ ᠶᠠᠯ᠎ᠠ ᠡᠴᠡ ᠥᠷᠥᠰᠢᠶᠡᠵᠦ ᠨᠢᠭᠡ ᠨᠠᠰᠤ ᠪᠠᠷ ᠨᠢ ᠵᠥᠴᠢ ᠳ᠋ᠦ᠍ ᠪᠣᠭᠣᠯ ᠪᠣᠯᠭᠠᠨ ᠥᠭᠭᠦᠭᠰᠡᠨ ᠪᠥᠭᠡᠳ ᠣᠳᠣ ᠴᠤ᠌ ᠡᠵᠡᠨ ᠦ᠌ ᠪᠡᠨ ᠠᠮᠢ ᠶ᠋ᠢ ᠰᠠᠬᠢᠨ ᠰᠠᠭᠤᠭ᠎ᠠ ᠨᠢ ᠡᠨᠡ ᠪᠢᠯᠡ᠃ᠬᠡᠵᠢᠶ᠎ᠡ ᠴᠦ᠍ ᠦᠯᠦ ᠠᠨᠢᠪᠴᠢᠬᠤ᠂ ᠦᠯᠦ ᠤᠨᠲᠠᠭᠴᠢ ᠵᠢᠭᠠᠰᠤ ᠮᠡᠲᠦ ᠨᠢᠳᠦᠲᠡᠢ ᠡᠨᠡ ᠲᠡᠳᠦ ᠦᠨᠡᠬᠡᠷ ᠲᠤᠢᠯ ᠤ᠋ᠨ ᠡᠭᠡᠳᠡᠷᠡᠭᠡ ᠲᠡᠢ ᠬᠤᠪᠢ ᠵᠣᠬᠢᠶᠠᠯ ᠲᠠᠢ ᠨᠢᠭᠡᠨ ᠶᠤᠮ᠃ᠬᠠᠷᠢᠨ ᠲᠡᠭᠦᠨ ᠦ᠌ ᠴᠢᠩ ᠦᠨᠡᠨᠴᠢ ᠵᠢᠳᠬᠦᠯ ᠳ᠋ᠦ᠍ ᠵᠥᠴᠢ ᠪᠤᠤ ᠬᠡᠯᠡ ᠲᠡᠮᠦᠵᠢᠨ ᠴᠦ᠍ ᠡᠷᠡᠭᠡᠯᠵᠡᠭᠡ ᠦᠭᠡᠢ ᠢᠲᠡᠭᠡᠳᠡᠭ ᠪᠠᠢᠪᠠ᠃ᠲᠡᠢᠮᠦ ᠤᠴᠢᠷ ᠡᠴᠡ ᠲᠡᠮᠦᠵᠢᠨ ᠡᠬᠡ᠂ ᠡᠬᠡᠨᠡᠷ᠂ ᠬᠥᠪᠡᠭᠦᠳ ᠦ᠋ᠨ ᠢ᠋ᠶ᠋ᠡᠨ ᠠᠮᠢ ᠨᠠᠰᠤ ᠶ᠋ᠢ ᠭᠠᠭᠴᠠᠬᠠᠨ ᠲᠡᠳᠦ ᠳ᠋ᠦ᠍ ᠨᠠᠢᠳᠠᠨ ᠳᠠᠭᠠᠳᠬᠠᠭᠰᠠᠨ ᠨᠢ ᠡᠨᠡ ᠪᠠᠢᠯ᠎ᠠ᠃ᠲᠡᠳᠦ ᠪᠣᠯ ᠵᠥᠴᠢ ᠶ᠋ᠢᠨ ᠡᠮᠦᠨ᠎ᠡ ᠡᠴᠡ ᠦᠬᠦᠬᠦ ᠶᠣᠰᠣᠲᠠᠢ ᠪᠣᠭᠣᠯ ᠪᠢᠯᠡ᠃ᠲᠡᠷᠡ ᠵᠥᠴᠢ ᠡᠴᠡ ᠠᠯᠬᠤᠮ ᠴᠤ᠌ ᠦᠯᠦ ᠬᠣᠯᠠᠳᠠᠨ᠎ᠠ᠃ᠲᠡᠳᠦ ᠶ᠋ᠢ ᠳᠡᠷᠭᠡᠳᠡ ᠪᠡᠨ ᠪᠠᠢᠬᠤ ᠳ᠋ᠤ᠌ ᠵᠥᠴᠢ ᠪᠠᠷᠳᠠᠮ ᠢᠲᠡᠭᠡᠯᠲᠡᠢ ᠪᠠᠢᠳᠠᠭ ᠪᠥᠯᠥᠭᠡ᠃
ᠵᠠᠮᠤᠬ᠎ᠠ ᠶ᠋ᠢᠨ ᠴᠡᠷᠢᠭ ᠡᠴᠡ ᠳᠦᠷᠪᠡᠬᠦ ᠳ᠋ᠡᠭᠡᠨ ᠠᠪᠴᠤ ᠭᠠᠷᠤᠭᠰᠠᠨ ᠵᠢᠭᠠᠬᠠᠨ ᠬᠦᠨᠡᠰᠦ ᠨᠢ ᠪᠠᠷᠠᠭᠳᠠᠵᠤ ᠠᠰᠢᠭᠦᠢ ᠵᠥᠴᠢ ᠨᠢᠭᠡ ᠭᠥᠷᠥᠭᠡᠰᠦ ᠠᠩᠨᠠᠭᠠᠳ ᠪᠥᠭᠡᠮ ᠪᠠᠶᠠᠷ ᠪᠣᠯᠵᠤ ᠪᠠᠢᠲᠠᠯ᠎ᠠ ᠲᠡᠷᠡ ᠦᠳᠡᠰᠢ ᠶᠠᠳᠠᠷᠠᠵᠤ ᠲᠤᠢᠯᠳᠠᠭᠰᠠᠨ ᠲᠡᠮᠦᠵᠢᠨ ᠵᠠᠯᠮ᠎ᠠ ᠶ᠋ᠢᠨ ᠬᠠᠮᠲᠤ ᠦᠯᠭᠡᠨ ᠰᠠᠯᠭᠠᠨ ᠬᠦᠷᠴᠦ ᠢᠷᠡᠵᠡᠢ᠃ᠲᠡᠮᠦᠵᠢᠨ ᠦ᠌ ᠰᠢᠨᠠᠯᠵᠤ ᠵᠦᠳᠡᠷᠡᠭᠰᠡᠨ ᠴᠢᠷᠠᠢ ᠶ᠋ᠢ ᠦᠵᠡᠮᠡᠭᠴᠡ ᠠᠮᠢᠳᠤ ᠦᠯᠡᠳᠡᠭᠰᠡᠨ ᠨᠢ ᠶᠠᠭᠠᠬᠢᠮᠠᠢ ᠭᠡᠰᠡᠨ ᠪᠣᠳᠣᠯ ᠪᠦᠭᠦᠳᠡ ᠳ᠋ᠦ᠍ᠨᠢ ᠲᠥᠷᠥᠵᠦ ᠪᠠᠢᠪᠠ᠃ᠲᠡᠮᠦᠵᠢᠨ ᠦ᠌ ᠴᠢᠷᠠᠢ ᠡᠴᠡ ᠬᠠᠷᠠᠬᠤ ᠳ᠋ᠤ᠌ ᠪᠣᠷᠵᠢᠭᠢᠨ ᠠᠢᠮᠠᠭ ᠢ᠋ᠶ᠋ᠠᠨ ᠠᠯᠳᠠᠵᠤ᠂ ᠲᠡᠳᠡᠨ ᠦ᠌ ᠭᠤᠨᠢᠭᠲᠤ ᠥᠨᠥᠴᠢᠨ ᠠᠮᠢᠳᠤᠷᠠᠯ ᠳᠠᠬᠢᠨ ᠡᠬᠢᠯᠡᠵᠡᠢ ᠭᠡᠳᠡᠭ ᠢ᠋ ᠭᠠᠳᠠᠷᠯᠠᠭᠰᠠᠨ ᠥᠭᠡᠯᠦᠨ ᠰᠦᠭ ᠥᠭ ᠦᠭᠡᠢ ᠨᠢᠯᠪᠤᠰᠤ ᠤᠷᠤᠰᠬᠠᠨ ᠳᠡᠮᠡᠢ ᠯᠡ
— ᠳᠡᠭᠦᠦ ᠨᠠᠷ ᠴᠢᠨᠢ ᠶᠠᠭᠠᠬᠢᠪᠠ? ᠭᠡᠵᠦ ᠠᠰᠠᠭᠤᠬᠤᠢᠴᠠ ᠪᠣᠯᠵᠠᠢ᠃ᠲᠡᠮᠦᠵᠢᠨ ᠢᠩᠭᠢᠵᠦ ᠭᠠᠭᠴᠠᠭᠠᠷ ᠬᠣᠴᠣᠷᠤᠭᠰᠠᠨ ᠪᠠᠢᠬᠤ ᠳ᠋ᠤ᠌ ᠳᠡᠭᠦᠦ ᠨᠠᠷ ᠨᠢ ᠯᠠᠪ ᠦᠬᠦᠭᠡ ᠪᠢᠵᠡ ᠭᠡᠵᠦ ᠥᠭᠡᠯᠦᠨ ᠪᠣᠳᠣᠭᠰᠠᠨ ᠪᠢᠯᠡ᠃
— ᠳᠡᠭᠦᠦ ᠨᠠᠷ ᠮᠡᠨᠳᠦ ᠪᠠᠢᠭ᠎ᠠ᠃ᠪᠢᠳᠡ ᠵᠠᠮᠤᠬ᠎ᠠ ᠶ᠋ᠢᠨ ᠴᠡᠷᠢᠭ ᠲᠦ᠍ ᠬᠠᠪᠴᠢᠭᠳᠠᠨ ᠤᠨᠤᠨ ᠤ᠋ ᠳᠡᠭᠡᠳᠦ ᠪᠡᠶ᠎ᠡ ᠶ᠋ᠢᠨ ᠵᠡᠭᠡᠷᠡᠨ ᠬᠠᠪᠴᠢᠯ ᠳ᠋ᠤ᠌ ᠰᠢᠷᠭᠤᠭᠠᠳ ᠪᠠᠢᠨ᠎ᠠ᠃ᠪᠢ ᠨᠢᠭᠡ ᠬᠡᠷᠡᠭ ᠢ᠋ ᠪᠥᠷᠲᠡ ᠴᠢᠮ᠎ᠠ ᠲᠠᠢ ᠵᠥᠪᠯᠡᠬᠦ ᠪᠡᠷ ᠢᠷᠡᠯ᠎ᠡ ᠭᠡᠵᠦ ᠲᠡᠮᠦᠵᠢᠨ ᠠᠶᠠᠷᠬᠠᠨ ᠬᠡᠯᠡᠪᠡ᠃ᠥᠭᠡᠯᠦᠨ ᠡᠨᠡ ᠦᠭᠡ ᠶ᠋ᠢᠨ ᠳᠠᠷᠠᠭ᠎ᠠ ᠪᠠᠭ᠎ᠠ ᠪᠣᠯᠪᠠᠴᠤ ᠲᠠᠢᠪᠤᠰᠢᠷᠠᠵᠤ ᠵᠥᠴᠢ᠂ ᠴᠠᠭᠠᠲᠠᠢ ᠬᠥᠪᠡᠭᠦᠳ ᠢ᠋ ᠠᠪᠴᠤ ᠬᠣᠯᠠᠳᠪᠠ᠃
— ᠴᠢ ᠨᠥᠬᠥᠳ ᠢ᠋ᠶ᠋ᠡᠨ ᠣᠷᠬᠢᠵᠤ᠂ ᠮᠣᠷᠢ ᠪᠠᠨ ᠡᠴᠡᠭᠡᠵᠦ ᠶᠠᠭᠤᠨ ᠳ᠋ᠤ᠌ ᠢᠷᠡᠪᠡ? ᠦᠢᠮᠡᠷᠡᠵᠦ ᠲᠦᠭᠰᠢᠭᠰᠡᠨ ᠪᠢ ᠴᠢᠮᠠᠲᠤ ᠵᠥᠪᠯᠡᠬᠦ ᠬᠡᠷᠡᠭ ᠶᠠᠭᠤ ᠪᠢᠯᠡ? ᠭᠡᠵᠦ ᠪᠥᠷᠲᠡ ᠪᠣᠯᠭᠣᠮᠵᠢᠯᠠᠨ ᠬᠡᠯᠡᠬᠦ ᠳ᠋ᠡᠭᠡᠨ ᠰᠡᠳᠬᠢᠯ ᠦ᠋ᠨ ᠤᠭ ᠲᠤ᠌ ᠮᠠᠭᠤ ᠵᠦᠩ ᠰᠣᠪᠢᠩ ᠤᠷᠭᠤᠬᠤ ᠶ᠋ᠢ ᠮᠡᠳᠡᠷᠡᠯ᠎ᠡ᠃ᠪᠥᠷᠲᠡ ᠶ᠋ᠢᠨ ᠵᠦᠩ ᠰᠣᠪᠢᠩ ᠲᠡᠭᠦᠨ ᠢ᠋ ᠬᠡᠵᠢᠶ᠎ᠡ ᠴᠦ᠍ ᠬᠠᠭᠤᠷᠴᠤ ᠪᠠᠢᠭᠰᠠᠨ ᠦᠭᠡᠢ ᠨᠢ ᠲᠦᠭᠰᠢᠬᠦ᠂ ᠠᠶᠤᠬᠤ ᠶ᠋ᠢᠨ ᠦᠨᠳᠦᠰᠦ ᠪᠣᠯᠵᠠᠢ᠃ᠬᠦᠢᠲᠡᠨ ᠴᠠᠢ ᠵᠠᠪᠠᠵᠢ ᠪᠠᠷ ᠢ᠋ᠶ᠋ᠠᠨ ᠰᠠᠪᠢᠷᠠᠭᠤᠯᠤᠨ ᠵᠠᠯᠭᠢᠯᠠᠬᠤ ᠲᠡᠮᠦᠵᠢᠨ ᠢ᠋ ᠬᠠᠷᠠᠬᠤ ᠳ᠋ᠤ᠌ ᠰᠠᠢᠨ ᠶᠠᠭᠤᠮ᠎ᠠ ᠪᠣᠳᠣᠭᠳᠠᠬᠤ ᠠᠷᠭ᠎ᠠ ᠦᠭᠡᠢ ᠪᠠᠢᠪᠠ᠃ᠪᠥᠷᠲᠡ ᠶ᠋ᠢᠨ ᠳᠣᠣᠷᠠᠲᠤ ᠵᠣᠪᠬᠢ ᠬᠣᠶᠠᠭᠤᠯᠠ ᠪᠠᠨ ᠵᠡᠷᠭᠡ ᠲᠠᠲᠠᠵᠤ ᠡᠬᠢᠯᠡᠪᠡ᠃ᠲᠡᠮᠦᠵᠢᠨ ᠳᠤᠤᠭᠠᠷᠬᠤ ᠦᠭᠡᠢ ᠤᠳᠠᠬᠤ ᠨᠢ ᠪᠦᠷ ᠰᠡᠵᠢᠭᠯᠡᠯᠲᠡᠢ᠃
— ᠡᠢᠮᠦ ᠬᠡᠷᠡᠭ ᠢ᠋ ᠪᠢ ᠴᠢᠮ᠎ᠠ ᠲᠠᠢ ᠵᠥᠪᠯᠡᠬᠦ ᠦᠭᠡᠢ ᠶᠠᠭᠠᠬᠢᠵᠤ ᠰᠢᠢᠳᠦᠨ᠎ᠡ᠃ᠣᠳᠣ ᠪᠢ ᠡᠴᠡᠵᠦ ᠴᠤᠴᠠᠵᠤ ᠵᠣᠷᠢᠭ ᠮᠣᠬᠣᠭᠰᠠᠨ ᠴᠥᠭᠡᠬᠡᠨ ᠴᠡᠷᠢᠭ ᠲᠡᠢ ᠬᠣᠴᠣᠷᠪᠠ᠃ᠶᠠᠭᠠᠬᠢᠪᠠᠴᠤ ᠵᠠᠮᠤᠬ᠎ᠠ ᠶ᠋ᠢ ᠳᠡᠢᠯᠬᠦ ᠦᠭᠡᠢ᠃ᠵᠠᠮᠤᠬ᠎ᠠ ᠬᠠᠪᠴᠢᠯ ᠤ᠋ᠨ ᠠᠮᠠᠨ ᠳ᠋ᠤ᠌ ᠨᠠᠮᠠᠶ᠋ᠢ ᠥᠪᠡᠷ ᠢ᠋ᠶ᠋ᠡᠨ ᠭᠠᠷᠴᠤ ᠢᠷᠡᠬᠦ ᠶ᠋ᠢ ᠬᠦᠯᠢᠶᠡᠨ ᠪᠠᠷᠳᠠᠮ ᠰᠠᠭᠤᠵᠤ ᠪᠣᠢ᠃ᠪᠢ ᠨᠢᠭᠡ ᠠᠷᠭ᠎ᠠ ᠰᠠᠲᠤᠯᠠ᠃ᠭᠡᠪᠡᠴᠦ ᠪᠢ ᠡᠭᠦᠨ ᠢ᠋ ᠴᠢᠨᠦ ᠵᠥᠪᠰᠢᠶᠡᠷᠡᠯ ᠦᠭᠡᠢ ᠪᠣᠯ ᠬᠢᠵᠦ ᠴᠢᠳᠠᠬᠤ ᠦᠭᠡᠢ᠃ᠡᠨᠡ ᠪᠣᠯ ᠪᠣᠷᠵᠢᠭᠢᠨ ᠠᠢᠮᠠᠭ ᠤ᠋ᠨ ᠲᠥᠯᠥᠭᠡ ᠶᠤᠮ ᠰᠢᠦ ᠭᠡᠵᠦ ᠲᠡᠮᠦᠵᠢᠨ ᠵᠢᠭᠠᠬᠠᠨ ᠲᠠᠢᠪᠤᠰᠢᠷᠠᠨ ᠴᠠᠩᠭᠠᠭ᠎ᠠ ᠪᠠᠨ ᠲᠠᠢᠯᠵᠤ ᠬᠥᠯᠥᠰᠥ ᠪᠡᠨ ᠠᠷᠴᠢᠨ ᠬᠡᠯᠡᠪᠡ᠃ᠲᠡᠷᠡ ᠦᠨᠡᠬᠡᠷ ᠵᠣᠷᠢᠭ ᠮᠣᠬᠣᠵᠤ ᠵᠢᠰᠦ ᠴᠢᠷᠠᠢ ᠠᠯᠳᠠᠵᠠᠢ᠃ᠲᠡᠮᠦᠵᠢᠨ ᠦ᠌ ᠡᠢᠮᠦ ᠤᠷᠤᠭᠤ ᠳᠣᠷᠣᠢ ᠪᠠᠢᠬᠤ ᠶ᠋ᠢ ᠪᠥᠷᠲᠡ ᠤᠷᠢᠳ ᠨᠢ ᠦᠵᠡᠭᠰᠡᠨ ᠦᠭᠡᠢ᠃ᠲᠡᠮᠦᠵᠢᠨ ᠦ᠌ ᠰᠡᠳᠦᠭᠰᠡᠨ ᠵᠦᠢᠯ ᠴᠢᠬᠤᠯᠠ ᠭᠡᠳᠡᠭ ᠲᠦ᠍ ᠪᠥᠷᠲᠡ ᠣᠭᠲᠣᠬᠠᠨ ᠴᠤ᠌ ᠡᠷᠡᠭᠡᠯᠵᠡᠭᠰᠡᠨ ᠦᠭᠡᠢ᠃ᠲᠡᠢᠮᠦ ᠦᠭᠡᠢ ᠪᠣᠯ ᠶᠠᠭᠤᠨ ᠳ᠋ᠤ᠌ ᠢᠩᠭᠢᠵᠦ ᠠᠮᠢ ᠪᠠᠨ ᠵᠣᠯᠢᠶᠠᠰᠤᠯᠠᠨ ᠢᠷᠡᠬᠦ ᠪᠢᠯᠡ᠃ᠶᠠᠭ ᠡᠨᠡ ᠮᠥᠴᠡ ᠳ᠋ᠦ᠍ ᠠᠩᠬ᠎ᠠ ᠶᠢᠰᠦᠨ ᠨᠠᠰᠤᠲᠠᠢ ᠲᠡᠮᠦᠵᠢᠨ ᠢ᠋ ᠦᠷᠦ ᠡᠪᠡᠳᠦᠨ ᠬᠠᠷᠠᠵᠤ ᠪᠠᠢᠭᠰᠠᠨ ᠨᠢ ᠥᠪᠡᠷ ᠦ᠋ᠨ ᠡᠷᠬᠡ ᠦᠭᠡᠢ ᠰᠠᠨᠠᠭᠳᠠᠵᠠᠢ᠃ᠲᠡᠭᠡᠮᠡᠭᠴᠡ ᠤᠢᠮᠤᠷᠠᠭᠰᠠᠨ ᠣᠯᠠᠨ ᠪᠣᠳᠣᠯ ᠢ᠋ᠶ᠋ᠠᠨ ᠬᠦᠴᠦ ᠪᠡᠷ ᠬᠥᠭᠡᠭᠡᠨ ᠵᠠᠢᠯᠠᠭᠤᠯᠵᠤ ᠲᠡᠮᠦᠵᠢᠨ ᠳ᠋ᠦ᠍ ᠲᠤᠰᠠᠯᠠᠬᠤ ᠬᠦᠰᠡᠯ ᠨᠢ ᠣᠷᠭᠢᠯᠤᠭᠠᠳ
— ᠲᠡᠮᠦᠵᠢᠨ᠂ ᠴᠢ ᠬᠡᠯᠡᠭᠲᠦᠨ᠂ ᠪᠦᠦ ᠰᠠᠨᠠᠭ᠎ᠠ ᠵᠣᠪᠠ! ᠭᠡᠪᠡᠴᠦ ᠮᠢᠨᠦ ᠴᠢᠳᠠᠬᠤ ᠶᠠᠭᠤᠮ᠎ᠠ ᠶᠠᠭᠤ ᠪᠠᠢᠬᠤ ᠪᠢᠯᠡ? ᠭᠡᠵᠦ ᠪᠥᠷᠲᠡ ᠬᠡᠯᠡᠬᠦ ᠳ᠋ᠡᠭᠡᠨ ᠰᠡᠳᠬᠢᠯ ᠨᠢ ᠶᠠᠭᠠᠬᠢᠭᠠᠳ ᠴᠤ᠌ ᠶᠤᠮ ᠪᠣᠢ ᠲᠠᠢᠪᠤᠰᠢᠷᠠᠵᠤ ᠴᠢᠳᠠᠬᠤ ᠦᠭᠡᠢ ᠲᠥᠭᠰᠢᠭᠥᠷᠢᠯᠡᠭᠰᠡᠭᠡᠷ ᠪᠠᠢᠪᠠ᠃ᠪᠥᠷᠲᠡ ᠶ᠋ᠢᠨ ᠵᠣᠷᠢᠮᠠᠭ ᠪᠠᠢᠳᠠᠯ ᠲᠡᠮᠦᠵᠢᠨ ᠦ᠌ ᠡᠷᠡᠭᠡᠯᠵᠡᠭᠰᠡᠨ ᠪᠣᠯᠭᠣᠮᠵᠢᠯᠠᠭᠰᠠᠨ ᠰᠡᠳᠬᠢᠯ ᠢ᠋ ᠠᠮᠠᠷᠠᠭᠠᠪᠠ᠃ᠬᠡᠷᠡᠭᠲᠡᠢ ᠦᠭᠡ ᠶ᠋ᠢ ᠶᠠᠭ ᠴᠠᠭ ᠲᠤᠨᠢ ᠣᠯᠵᠤ ᠬᠡᠯᠡᠵᠦ ᠴᠢᠳᠠᠳᠠᠭ ᠪᠥᠷᠲᠡ ᠶ᠋ᠢᠨ ᠡᠨᠡ ᠵᠠᠩ ᠢ᠋ ᠲᠡᠮᠦᠵᠢᠨ ᠮᠡᠳᠡᠵᠦ ᠬᠦᠨᠳᠦᠯᠡᠳᠡᠭ ᠪᠢᠯᠡ᠃
— ᠪᠥᠷᠲᠡ᠂ ᠪᠢ ᠡᠷᠲᠡᠨ ᠦ᠌ ᠲᠠᠯᠪᠢᠭᠰᠠᠨ ᠠᠨᠳᠠ ᠶ᠋ᠢᠨ ᠲᠠᠩᠭᠠᠷᠢᠭ ᠢ᠋ᠶ᠋ᠠᠨ ᠳᠠᠬᠢᠨ ᠨᠢᠭᠡ ᠰᠠᠨᠠᠭᠤᠯᠵᠤ ᠡᠭᠦᠨ ᠦ᠌ ᠪᠠᠲᠤᠯᠠᠭ᠎ᠠ ᠪᠣᠯᠭᠠᠨ ᠬᠥᠪᠡᠭᠦᠳ ᠦ᠋ᠨ ᠢ᠋ᠶ᠋ᠡᠨ ᠠᠬᠠᠮᠠᠳ ᠢ᠋ ᠵᠠᠮᠤᠬ᠎ᠠ ᠶ᠋ᠢᠨ ᠬᠦᠷᠢᠶᠡᠨ ᠳ᠋ᠦ᠍ ᠢᠯᠡᠭᠡᠶ᠎ᠡ᠃ᠲᠡᠷᠡ ᠡᠭᠦᠨ ᠳ᠋ᠦ᠍ ᠢᠲᠡᠭᠡᠨ᠎ᠡ᠃ᠵᠥᠴᠢ ᠶ᠋ᠢ ᠲᠡᠳᠡᠨ ᠦ᠌ ᠬᠦᠷᠢᠶᠡᠨ ᠳ᠋ᠦ᠍ ᠪᠠᠢᠬᠤ ᠳ᠋ᠤ᠌ ᠲᠡᠷᠡ ᠯᠠᠪ ᠨᠠᠮᠠᠶ᠋ᠢ ᠲᠠᠭᠠᠷᠢᠨ᠎ᠠ ᠭᠡᠵᠦ ᠪᠣᠳᠣᠬᠤ ᠦᠭᠡᠢ᠃ᠬᠥᠪᠡᠭᠦᠳ ᠦ᠋ᠨ ᠢ᠋ᠶ᠋ᠡᠨ ᠠᠬᠠᠮᠠᠳ ᠢ᠋ ᠢᠯᠡᠭᠡᠬᠦ ᠨᠢ ᠠᠨᠳᠠ ᠶ᠋ᠢᠨ ᠲᠠᠩᠭᠠᠷᠢᠭ ᠢ᠋ ᠰᠠᠨᠠᠭᠤᠯᠬᠤ ᠡᠷᠲᠡᠨ ᠦ᠌ ᠶᠣᠰᠣ ᠶᠤᠮ᠃
ᠢᠩᠭᠢᠵᠦ ᠬᠡᠯᠡᠨ᠎ᠡ ᠭᠡᠵᠦ ᠳᠠᠩᠴᠤ ᠰᠠᠨᠠᠭ᠎ᠠ ᠦᠭᠡᠢ ᠲᠤᠯᠠ ᠪᠥᠷᠲᠡ ᠡᠬᠢᠯᠡᠭᠡᠳ ᠰᠣᠴᠢᠨ ᠠᠯᠮᠠᠢᠷᠠᠪᠠ᠃ᠲᠡᠮᠦᠵᠢᠨ ᠦ᠌ ᠭᠤᠶᠤᠭᠰᠠᠨ᠂ ᠱᠠᠭᠠᠷᠳᠠᠭᠰᠠᠨ ᠡᠯ᠎ᠡ ᠦᠭᠡᠰ ᠢ᠋ ᠣᠢᠯᠠᠭᠠᠮᠠᠭᠴᠠ ᠪᠥᠷᠲᠡ ᠰᠡᠳᠬᠢᠯ᠂ ᠨᠢᠯᠪᠤᠰᠤ ᠬᠣᠶᠠᠷ ᠢ᠋ᠶ᠋ᠠᠨ ᠲᠡᠪᠴᠢᠨ ᠪᠠᠷᠢᠵᠤ ᠳᠡᠢᠯᠦᠭᠰᠡᠨ ᠦᠭᠡᠢ ᠡᠬᠡᠷ ᠲᠡᠳᠡᠨ ᠤᠬᠢᠯᠠᠯ᠎ᠠ᠃ᠡᠮ᠎ᠡ ᠬᠥᠮᠦᠨ ᠣᠬᠣᠷ ᠤᠬᠠᠭᠠᠨ ᠳ᠋ᠠᠭᠠᠨ ᠲᠡᠷᠡ ᠲᠠᠢᠯᠳᠠᠵᠠᠢ᠃
ᠴᠢ ᠵᠥᠴᠢ ᠬᠥᠪᠡᠭᠦᠨ ᠢ᠋ ᠮᠢᠨᠢ ᠶᠠᠭᠤᠨ ᠳ᠋ᠤ᠌ ᠠᠳᠠ ᠦᠵᠡᠨ᠎ᠡ? ᠡᠨᠡ ᠴᠢᠨᠢ ᠦᠬᠦᠯ ᠤᠷᠤᠭᠤ ᠢᠯᠡᠭᠡᠬᠦ ᠲᠡᠢ ᠠᠳᠠᠯᠢ ᠪᠢᠰᠢ ᠤᠤ? ᠵᠠᠮᠤᠬ᠎ᠠ ᠲᠠ ᠬᠣᠶᠠᠷ ᠤ᠋ᠨ ᠲᠠᠯᠪᠢᠭᠰᠠᠨ ᠲᠠᠩᠭᠠᠷᠢᠭ ᠲᠤ᠌ ᠵᠥᠴᠢ ᠬᠥᠪᠡᠭᠦᠨ ᠮᠢᠨᠢ ᠶᠠᠮᠠᠷ ᠬᠠᠮᠢᠶ᠎ᠠ ᠲᠠᠢ ᠶᠤᠮ ᠪᠣᠢ? ᠵᠥᠴᠢ ᠶ᠋ᠢ ᠦᠵᠡᠪᠡ ᠭᠡᠳ ᠵᠠᠮᠤᠬ᠎ᠠ ᠶ᠋ᠢᠨ ᠰᠡᠳᠬᠢᠯ ᠬᠤᠪᠢᠷᠠᠨ᠎ᠠ ᠭᠡᠵᠦ ᠤᠤ? ᠴᠢ ᠶᠠᠭᠤᠨ ᠳ᠋ᠤ᠌ ᠢᠩᠭᠢᠵᠦ ᠨᠠᠮᠠᠶ᠋ᠢ ᠵᠣᠪᠠᠭᠠᠨ᠎ᠠ ᠪᠣᠢ? ᠵᠥᠴᠢ ᠬᠥᠪᠡᠭᠦᠨ ᠢ᠋ ᠮᠢᠨᠢ ᠥᠪᠡᠷ ᠢ᠋ ᠪᠡᠨ ᠬᠠᠮᠠᠭᠠᠯᠠᠬᠤ ᠨᠠᠰᠤᠨ ᠳ᠋ᠤ᠌ ᠬᠦᠷᠭᠡᠭᠡᠴᠢ᠃ᠪᠢ ᠭᠤᠶᠤᠶ᠎ᠠ᠃ᠪᠢ ᠵᠥᠴᠢ ᠬᠥᠪᠡᠭᠦᠨ ᠢ᠋ᠶ᠋ᠡᠨ ᠶᠠᠪᠤᠭᠤᠯᠬᠤ ᠦᠭᠡᠢ᠃ᠶᠠᠪᠤᠭᠤᠯᠤᠶ᠎ᠠ ᠭᠡᠪᠡᠯ ᠴᠢᠮᠠᠲᠤ ᠳᠡᠭᠦᠦ ᠨᠠᠷ᠂ ᠨᠥᠬᠥᠳ ᠴᠢᠨᠢ ᠪᠠᠢᠨ᠎ᠠ᠃ᠴᠢ ᠶᠠᠭᠤᠨ ᠳ᠋ᠤ᠌ ᠮᠢᠨᠦ ᠥᠨᠥᠴᠢᠨ ᠪᠠᠯᠴᠢᠷ ᠬᠥᠪᠡᠭᠦᠨ ᠢ᠋ ᠣᠨᠴᠠᠯᠠᠪᠠ ᠭᠡᠵᠦ ᠪᠥᠷᠲᠡ ᠪᠣᠬᠢᠮᠳᠤᠨ ᠨᠢᠯᠪᠤᠰᠤ ᠲᠠᠢ ᠪᠠᠨ ᠬᠣᠯᠢᠨ ᠰᠢᠪᠡᠨᠡᠪᠡ᠃ᠬᠡᠳᠦᠢ ᠪᠡᠷ ᠪᠥᠷᠲᠡ ᠰᠡᠳᠬᠢᠯ ᠪᠠᠬᠠᠷᠳᠠᠵᠤ ᠤᠬᠠᠭᠠᠨ ᠣᠢᠮᠠᠷᠠᠬᠰᠠᠨ ᠴᠤ᠌ ᠬᠡᠷᠡᠭᠦᠯ ᠦ᠋ᠨ ᠮᠠᠭᠤ ᠦᠭᠡ ᠪᠡᠨ ᠣᠢᠷᠠᠮᠠᠭ ᠮᠣᠳᠣᠨ ᠤ᠋ ᠳᠣᠣᠷ᠎ᠠ ᠰᠠᠭᠤᠬᠤ ᠬᠥᠪᠡᠭᠦᠳ ᠲᠡᠭᠡᠨ ᠰᠣᠨᠣᠰᠤᠭᠳᠠᠬᠤ ᠪᠠᠷ ᠬᠠᠰᠬᠢᠷᠤᠭᠰᠠᠨ ᠦᠭᠡᠢ ᠲᠡᠪᠴᠢᠵᠦ ᠴᠢᠳᠠᠵᠠᠢ᠃ᠭᠡᠪᠡᠴᠦ ᠵᠥᠴᠢ᠂ ᠴᠠᠭᠠᠲᠠᠢ᠂ ᠥᠭᠡᠳᠡᠢ᠂ ᠲᠤᠯᠤᠢ ᠳᠥᠷᠪᠡ ᠡᠬᠡ ᠡᠴᠢᠭᠡ ᠨᠢ ᠲᠡᠳᠡᠨ ᠦ᠌ ᠬᠤᠪᠢ ᠵᠠᠶᠠᠭ᠎ᠠ ᠲᠠᠢ ᠬᠣᠯᠪᠣᠭ᠎ᠠ ᠲᠠᠢ ᠨᠣᠴᠢᠲᠠᠢ ᠶᠠᠷᠢᠶ᠎ᠠ ᠥᠷᠨᠢᠭᠦᠯᠦᠭᠰᠡᠨ ᠢ᠋ ᠮᠡᠳᠡᠷᠡᠵᠦ ᠴᠢᠮᠡᠭᠡ ᠭᠠᠷᠪᠠᠯ ᠬᠠᠮᠠᠷ ᠲᠡᠳᠡᠨ ᠤᠬᠤᠰᠬᠢᠨ ᠵᠢᠭᠤᠲᠠᠵᠤ ᠣᠳᠬᠤ ᠳ᠋ᠤ᠌ ᠪᠡᠯᠡᠨ ᠵᠡᠷᠯᠢᠭ ᠭᠠᠬᠠᠢ ᠶ᠋ᠢᠨ ᠳᠣᠷᠣᠢ ᠰᠢᠭ᠋ ᠥᠨᠳᠡᠯᠵᠡᠨ ᠂ ᠰᠡᠷᠪᠡᠯᠵᠡᠵᠦ ᠰᠠᠭᠤᠵᠠᠭᠠᠬᠤ ᠶ᠋ᠢ ᠲᠡᠮᠦᠵᠢᠨ ᠦᠵᠡᠭᠡᠳ ᠵᠢᠷᠦᠬᠡ ᠨᠢ ᠰᠢᠮᠰᠢᠷᠡᠨ ᠡᠨᠡ ᠬᠡᠳᠦᠨ ᠬᠥᠪᠡᠭᠦᠨ ᠲᠡᠭᠦᠨ ᠳ᠋ᠦ᠍ ᠶᠠᠮᠠᠷ ᠶᠡᠬᠡ ᠦᠨ᠎ᠡ ᠲᠡᠢ ᠶ᠋ᠢ ᠳᠠᠬᠢᠨ ᠣᠢᠯᠠᠭᠠᠪᠠ᠃
— ᠪᠥᠷᠲᠡ ᠠ᠋ ᠲᠠᠢᠪᠤᠰᠢᠷᠠ᠃ᠬᠥᠪᠡᠭᠦᠳ ᠲᠡᠭᠡᠨ ᠨᠢᠯᠪᠤᠰᠤ ᠪᠠᠨ ᠪᠤᠤ ᠦᠵᠡᠭᠦᠯ᠃ᠡᠨᠡ ᠪᠣᠯ ᠭᠠᠭᠴᠠ ᠬᠦ᠌ ᠮᠠᠨ ᠤ᠋ ᠪᠣᠷᠵᠢᠭᠢᠨ ᠠᠢᠮᠠᠭ ᠤ᠋ᠨ ᠲᠥᠯᠥᠭᠡ ᠶᠦ᠍ᠮ᠃ᠠᠮᠠᠨ ᠲᠠᠩᠭᠠᠷᠢᠭ ᠤ᠋ᠨ ᠪᠠᠲᠤᠯᠠᠭ᠎ᠠ ᠪᠣᠯᠭᠠᠵᠤ ᠠᠬᠠᠮᠠᠳ ᠬᠥᠪᠡᠭᠦᠨ ᠢ᠋ᠶ᠋ᠡᠨ ᠢᠯᠡᠭᠡᠬᠦ ᠡᠴᠡ ᠥᠭᠡᠷ᠎ᠡ ᠠᠷᠭ᠎ᠠ ᠨᠠᠳᠠᠳᠤ ᠠᠯᠠᠭ᠎ᠠ᠃ᠪᠢ ᠵᠥᠴᠢ ᠶ᠋ᠢ ᠠᠳᠠ ᠦᠵᠡᠭᠰᠡᠨ ᠵᠦᠢᠯ ᠦᠭᠡᠢ᠃ᠭᠠᠭᠴᠠ ᠬᠦ᠌ ᠵᠥᠴᠢ ᠪᠣᠯ ᠮᠢᠨᠦ ᠠᠬᠠᠮᠠᠳ ᠬᠥᠪᠡᠭᠦᠨ ᠤᠴᠢᠷ ᠢᠩᠭᠢᠵᠦ ᠬᠡᠯᠡᠵᠦ ᠪᠠᠢᠨ᠎ᠠ᠃ᠣᠳᠣ ᠯᠠ ᠵᠠᠮᠤᠬ᠎ᠠ ᠶ᠋ᠢᠨ ᠴᠡᠷᠢᠭ ᠡᠴᠡ ᠠᠮᠢᠳᠤ ᠮᠤᠯᠲᠤᠷᠠᠬᠤ ᠦᠭᠡᠢ ᠪᠣᠯ ᠪᠢ ᠴᠦ᠍᠂ ᠴᠢ ᠴᠦ᠍᠂ ᠮᠢᠨᠦ ᠬᠥᠪᠡᠭᠦᠳ ᠴᠦ᠍᠂ ᠪᠣᠷᠵᠢᠭᠢᠨ ᠠᠢᠮᠠᠭ ᠴᠤ᠌ ᠡᠭᠦᠷᠢᠳᠡ ᠦᠭᠡᠢ ᠪᠣᠯᠤᠨ᠎ᠠ᠃ᠪᠣᠷᠵᠢᠭᠢᠨ ᠠᠢᠮᠠᠭ ᠤ᠋ᠨ ᠲᠥᠯᠥᠭᠡ ᠠᠮᠢ ᠪᠠᠨ ᠡᠷᠭᠦᠬᠦ ᠨᠢ ᠲᠡᠢᠮᠦ ᠴᠦ᠍ ᠮᠠᠭᠤ ᠶᠠᠭᠤᠮ᠎ᠠ ᠪᠢᠰᠢ᠃ᠴᠢ ᠢᠩᠭᠢᠯ᠎ᠡ ᠭᠡᠳ ᠪᠦᠦ ᠬᠠᠷᠠᠮᠰᠠ᠃ᠪᠣᠷᠵᠢᠭᠢᠨ ᠠᠢᠮᠠᠭ ᠤ᠋ᠨ ᠲᠥᠯᠥᠭᠡ ᠣᠯᠠᠨ ᠣᠯᠠᠨ ᠵᠥᠴᠢ ᠠᠮᠢ ᠪᠠᠨ ᠡᠷᠭᠦᠬᠦ ᠪᠢᠵᠡ᠃ᠪᠣᠷᠵᠢᠭᠢᠨ ᠠᠢᠮᠠᠭ ᠤ᠋ᠨ ᠲᠥᠯᠥᠭᠡ ᠠᠮᠢ ᠪᠠᠨ ᠡᠷᠭᠦᠪᠡᠯ ᠵᠥᠴᠢ ᠬᠠᠷᠢᠨ ᠴᠤ᠌ ᠵᠢᠩᠬᠢᠨᠢ ᠪᠣᠷᠵᠢᠭᠢᠨ ᠠᠢᠮᠠᠭ ᠤ᠋ᠨ ᠬᠥᠮᠦᠨ ᠪᠣᠯᠤᠨ᠎ᠠ ᠭᠡᠵᠦ ᠲᠡᠮᠦᠵᠢᠨ ᠪᠥᠷᠲᠡ ᠶ᠋ᠢ ᠢᠳᠬᠠᠪᠠ᠃
— ᠲᠡᠭᠡᠪᠡᠯ ᠪᠢ ᠵᠥᠴᠢ ᠬᠥᠪᠡᠭᠦᠨ ᠲᠡᠢ ᠪᠡᠨ ᠬᠠᠮᠲᠤ ᠶᠠᠪᠤᠨ᠎ᠠ᠃ᠵᠠᠮᠤᠬ᠎ᠠ ᠨᠠᠮᠠᠶ᠋ᠢ ᠦᠵᠡᠭᠡᠳ ᠯᠠᠪ ᠲᠠᠢᠪᠤᠰᠢᠷᠠᠬᠤ ᠪᠢᠵᠡ᠃ᠪᠢ ᠵᠥᠴᠢ ᠬᠥᠪᠡᠭᠦᠨ ᠦ᠌ ᠪᠡᠨ ᠲᠥᠯᠥᠭᠡ ᠶᠠᠭᠤ ᠴᠤ᠌ ᠬᠢᠬᠦ ᠳ᠋ᠦ᠍ ᠪᠡᠯᠡᠨ ᠪᠠᠢᠨ᠎ᠠ᠃ᠵᠥᠴᠢ ᠶ᠋ᠢ ᠮᠢᠨᠢ ᠠᠯᠠᠴᠢᠬᠠᠪᠠᠯ ᠶᠠᠭᠠᠬᠢᠨ᠎ᠠ? ᠭᠡᠵᠦ ᠬᠡᠯᠡᠬᠦ ᠳ᠋ᠡᠭᠡᠨ ᠪᠥᠷᠲᠡ ᠨᠢᠯᠪᠤᠰᠤ ᠪᠠᠨ ᠲᠡᠪᠴᠢᠨ ᠪᠠᠷᠢᠵᠤ ᠳᠡᠢᠯᠬᠦ ᠦᠭᠡᠢ ᠪᠠᠢᠯ᠎ᠠ᠃ᠲᠡᠮᠦᠵᠢᠨ ᠪᠥᠷᠲᠡ ᠶ᠋ᠢᠨ ᠡᠰᠡᠷᠭᠦᠴᠡᠯ᠂ ᠪᠣᠬᠢᠮᠲᠤᠯ ᠢ᠋ ᠰᠠᠢᠨ ᠣᠢᠯᠠᠭᠠᠵᠤ ᠪᠠᠢᠪᠠ᠃ᠵᠥᠴᠢ ᠬᠥᠪᠡᠭᠦᠨ ᠪᠥᠷᠲᠡ ᠳ᠋ᠦ᠍ ᠶᠠᠮᠠᠷ ᠦᠨᠡᠲᠡᠢ ᠶ᠋ᠢ ᠴᠦ᠍ ᠮᠡᠳᠡᠨ᠎ᠡ᠃ᠲᠡᠮᠦᠵᠢᠨ ᠪᠥᠷᠲᠡ ᠶ᠋ᠢᠨ ᠰᠡᠳᠬᠢᠯ ᠦ᠋ᠨ ᠬᠥᠳᠡᠯᠦᠯ ᠢ᠋ ᠳᠠᠷᠤᠭᠳᠠᠲᠠᠯᠠ ᠳᠠᠬᠢᠨ ᠳᠤᠤᠭᠠᠷᠤᠭᠰᠠᠨ ᠦᠭᠡᠢ ᠬᠡᠰᠡᠭ ᠴᠢᠮᠡᠭᠡ ᠦᠭᠡᠢ ᠰᠠᠭᠤᠪᠠ᠃ᠡᠭᠦᠨ ᠡᠴᠡ ᠰᠢᠯᠢᠳᠡᠭ ᠠᠷᠭ᠎ᠠ ᠶ᠋ᠢ ᠲᠡᠷᠡ ᠣᠯᠤᠭᠰᠠᠨ ᠦᠭᠡᠢ᠃ᠲᠡᠮᠦᠵᠢᠨ ᠦ᠌ ᠬᠦᠨᠳᠦ ᠪᠠᠢᠳᠠᠯ ᠢ᠋ ᠣᠢᠯᠠᠭᠠᠭᠰᠠᠨ ᠵᠡᠯᠮ᠎ᠡ ᠬᠡᠦᠬᠡᠳ ᠦ᠋ᠳ ᠢ᠋ ᠰᠠᠲᠠᠭᠠᠷᠠᠭᠤᠯᠬᠤ ᠭᠡᠵᠦ ᠥᠪᠡᠷ ᠦ᠋ᠨ ᠨᠤᠮᠤ ᠰᠤᠮᠤ ᠪᠠᠷ ᠫᠠᠢ ᠬᠠᠷᠪᠤᠭᠤᠯᠤᠨ ᠠᠷᠭᠠᠴᠠᠭᠠᠬᠤ ᠠᠵᠢ᠃
— ᠲᠡᠭᠡᠪᠡᠯ᠂ ᠪᠥᠷᠲᠡ ᠠ᠋᠂ ᠵᠥᠴᠢ᠂ ᠴᠠᠭᠠᠲᠠᠢ ᠬᠣᠶᠠᠷ ᠢ᠋ ᠴᠣᠭ ᠢᠯᠡᠭᠡᠶ᠎ᠡ᠃ᠴᠢ ᠵᠥᠪᠰᠢᠶᠡᠷᠡᠬᠦ ᠤᠤ?ᠭᠡᠵᠦ ᠲᠡᠮᠦᠵᠢᠨ ᠪᠥᠷᠲᠡ ᠶ᠋ᠢ ᠤᠬᠢᠯᠠᠬᠤ ᠪᠠᠨ ᠪᠤᠯᠢᠮᠠᠭᠴᠠ ᠠᠶᠠᠷᠬᠠᠨ ᠬᠡᠯᠡᠪᠡ᠃ᠪᠥᠷᠲᠡ ᠡᠢᠮᠦ ᠦᠭᠡ ᠰᠣᠨᠣᠰᠤᠨ᠎ᠠ ᠭᠡᠵᠦ ᠰᠠᠨᠠᠭᠰᠠᠨ ᠦᠭᠡᠢ᠃ᠲᠡᠮᠦᠵᠢᠨ ᠤᠶᠠᠷᠠᠵᠤ ᠣᠢᠯᠠᠭᠠᠭᠠᠳ ᠵᠥᠴᠢ ᠶ᠋ᠢ ᠶᠠᠪᠤᠭᠤᠯᠬᠤ ᠪᠠᠨ ᠪᠣᠯᠢᠨ᠎ᠠ ᠭᠡᠵᠦ ᠢᠲᠡᠭᠡᠵᠦ ᠪᠠᠢᠭᠰᠠᠨ ᠪᠢᠯᠡ᠃ᠡᠨᠡ ᠪᠣᠯ ᠪᠥᠷᠲᠡ ᠶ᠋ᠢᠨ ᠠᠮᠢᠳᠤᠷᠠᠯ ᠳ᠋ᠠᠭᠠᠨ ᠰᠣᠨᠣᠰᠤᠭᠰᠠᠨ ᠬᠠᠮᠤᠭ ᠤ᠋ᠨ ᠠᠶᠤᠮᠰᠢᠭᠲᠤ ᠦᠭᠡ ᠪᠠᠢᠪᠠ᠃ᠭᠡᠪᠡᠴᠦ ᠲᠡᠮᠦᠵᠢᠨ ᠴᠣᠬᠣᠮ ᠶᠠᠭᠤᠨ ᠤ᠋ ᠲᠥᠯᠥᠭᠡ ᠡᠢᠮᠦ ᠦᠭᠡ ᠬᠡᠯᠡᠵᠦ ᠪᠠᠢᠭ᠎ᠠ ᠶ᠋ᠢ ᠣᠢᠯᠠᠭᠠᠬᠤ ᠶ᠋ᠢ ᠬᠦᠴᠦᠯᠡᠨ ᠤᠷᠤᠯᠳᠤᠵᠤ ᠪᠠᠢᠯ᠎ᠠ᠃
— ᠬᠥᠪᠡᠭᠦᠳ ᠴᠢᠨᠢ ᠴᠢᠮ᠎ᠠ ᠳ᠋ᠤ᠌ ᠬᠠᠢᠷᠠᠨ ᠪᠢᠰᠢ ᠤᠤ? ᠭᠡᠵᠦ ᠪᠥᠷᠲᠡ ᠥᠭᠡᠷ᠎ᠡ ᠠᠷᠭ᠎ᠠ ᠵᠠᠮ ᠬᠠᠢᠭᠠᠴᠢ ᠭᠡᠬᠦ ᠳ᠋ᠡᠭᠡᠨ ᠢᠲᠡᠭᠡᠯ ᠮᠠᠭᠤᠲᠠᠢ ᠴᠤ᠌ ᠡᠰᠡᠷᠭᠦᠴᠡᠬᠦ ᠶ᠋ᠢ ᠣᠷᠣᠯᠳᠣᠪᠠ᠃
— ᠲᠡᠢᠮᠦ ᠠ᠋ ᠨᠠᠳᠠᠳᠤ ᠬᠠᠢᠷᠠᠨ ᠪᠠᠢᠨ᠎ᠠ᠃ᠠᠶᠤᠮᠰᠢᠭᠲᠠᠢ ᠴᠤ᠌ ᠪᠠᠢᠨ᠎ᠠ᠃ᠰᠦᠨ ᠦ᠌ ᠦᠨᠦᠷ ᠠᠷᠢᠯᠤᠭ᠎ᠠ ᠦᠭᠡᠢ ᠨᠢᠯᠬ᠎ᠠ ᠬᠥᠪᠡᠭᠦᠳ ᠢ᠋ᠶ᠋ᠡᠨ ᠠᠯᠳᠠᠬᠤ ᠳ᠋ᠤ᠌ ᠨᠠᠳᠠᠳᠤ ᠳᠠᠩᠴᠤ ᠬᠠᠷᠠᠮᠰᠠᠮᠠᠷ ᠪᠠᠢᠨ᠎ᠠ᠃ᠣᠯᠵᠤ ᠴᠤᠭᠯᠠᠭᠤᠯᠤᠭᠰᠠᠨ ᠴᠥᠭᠡᠨ ᠤᠯᠤᠰ ᠮᠢᠨᠢ ᠵᠠᠮᠤᠬ᠎ᠠ ᠶ᠋ᠢᠨ ᠴᠡᠷᠢᠭ ᠡᠴᠡ ᠰᠦᠷᠳᠡᠨ ᠲᠠᠷᠠᠵᠤ ᠪᠠᠢᠨ᠎ᠠ᠃ᠪᠢ ᠯᠡ ᠦᠬᠦᠪᠡᠯ ᠣᠳᠣ ᠪᠦᠭᠦᠳᠡ ᠰᠦᠢᠷᠡᠵᠦ ᠪᠣᠷᠵᠢᠭᠢᠨ ᠠᠢᠮᠠᠭ ᠮᠠᠨᠢ ᠡᠭᠦᠷᠢᠳᠡ ᠵᠠᠮᠤᠬ᠎ᠠ ᠶ᠋ᠢᠨ ᠣᠯᠵᠠ ᠪᠣᠯᠤᠨ᠎ᠠ᠃ᠣᠳᠣ ᠪᠢ ᠶᠠᠮᠠᠷ ᠴᠤ᠌ ᠦᠨ᠎ᠡ ᠪᠡᠷ ᠬᠠᠮᠢᠶ᠎ᠠ ᠦᠭᠡᠢ ᠵᠠᠮᠤᠬ᠎ᠠ ᠶ᠋ᠢᠨ ᠰᠠᠪᠠᠷ ᠡᠴᠡ ᠮᠤᠯᠲᠤᠷᠠᠬᠤ ᠬᠡᠷᠡᠭᠲᠡᠢ ᠪᠠᠢᠨ᠎ᠠ᠃ᠨᠠᠳᠠᠳᠤ ᠨᠢᠭᠡ ᠴᠦ᠍ ᠬᠣᠷᠣᠮ ᠪᠣᠯᠪᠠ᠂ ᠠᠮᠢ ᠰᠢᠭ᠋ ᠦᠨᠡᠲᠡᠢ ᠪᠣᠯᠤᠯ᠎ᠠ ᠭᠡᠵᠦ ᠨᠢ ᠨᠣ ᠦᠭᠡᠢ ᠦᠨᠡᠨ ᠪᠣᠳᠣᠯ ᠢ᠋ᠶ᠋ᠠᠨ ᠬᠡᠯᠡᠪᠡ᠃
— ᠲᠡᠮᠦᠵᠢᠨ᠃ᠪᠢᠳᠡ ᠡᠨᠳᠡ ᠡᠷᠦᠬᠡ ᠪᠦᠯᠢ ᠪᠡᠷ ᠢ᠋ᠶ᠋ᠡᠨ ᠡᠷᠡᠭᠦᠯ ᠰᠠᠷᠠᠭᠤᠯ᠂ ᠡᠯᠢᠭᠡ ᠪᠦᠲᠦᠨ ᠪᠠᠢᠨ᠎ᠠ᠃ᠨᠢᠭᠤᠭᠳᠠᠨ ᠰᠠᠭᠤᠪᠠᠯ ᠨᠢᠭᠡ ᠤᠴᠢᠷ ᠪᠢᠰᠢ ᠤᠤ?
— ᠴᠢ ᠳᠡᠮᠡᠢ ᠦᠭᠡ ᠪᠦᠦ ᠴᠠᠯᠴᠢ᠃
ᠪᠥᠷᠲᠡ ᠶ᠋ᠢᠨ ᠡᠨᠡ ᠲᠡᠨᠡᠭ ᠤᠬᠠᠭᠠᠨ ᠦᠭᠡᠢ᠂ ᠠᠷᠭ᠎ᠠ ᠪᠠᠨ ᠪᠠᠷᠠᠭᠰᠠᠨ ᠡᠮ᠎ᠡ ᠬᠥᠮᠦᠨ ᠦ᠌ ᠦᠭᠡ ᠵᠥᠭᠡᠯᠡᠨ ᠬᠦᠯᠢᠶᠡᠴᠡ ᠲᠡᠢ ᠪᠠᠢᠭᠰᠠᠨ ᠲᠡᠮᠦᠵᠢᠨ ᠦ᠌ ᠠᠭᠤᠷ ᠬᠢᠯᠢᠩ ᠢ᠋ ᠭᠡᠨᠡᠳᠲᠡ ᠪᠠᠳᠠᠷᠠᠭᠠᠵᠤ ᠲᠡᠷᠡ ᠲᠡᠪᠴᠢᠵᠦ ᠴᠢᠳᠠᠭᠰᠠᠨ ᠦᠭᠡᠢ ᠪᠣᠰᠤᠨ ᠬᠠᠷᠠᠢᠪᠠ᠃
— ᠴᠢ ᠨᠠᠮᠠᠶ᠋ᠢ ᠨᠥᠬᠥᠳ ᠢ᠋ᠶ᠋ᠡᠨ ᠬᠠᠶᠠᠵᠤ ᠠᠮᠢ ᠪᠠᠨ ᠪᠣᠳᠣ ᠭᠡᠪᠡ ᠤᠤ? ᠪᠣᠷᠵᠢᠭᠢᠨ ᠠᠢᠮᠠᠭ ᠮᠢᠨᠢ ᠶᠠᠭᠠᠬᠢᠬᠤ ᠪᠣᠯᠵᠤ ᠪᠠᠢᠨ᠎ᠠ? ᠴᠢ ᠶᠠᠭᠠᠬᠢᠵᠤ ᠢᠩᠭᠢᠵᠦ ᠬᠡᠯᠡᠵᠦ ᠴᠢᠳᠠᠨ᠎ᠠ? ᠭᠡᠵᠦ ᠥᠨᠳᠥᠷ ᠳᠠᠭᠤ ᠪᠠᠷ ᠬᠠᠰᠬᠢᠷᠤᠭᠰᠠᠨ ᠴᠤ᠌ ᠣᠢᠷᠠᠲᠤᠨ ᠢᠷᠡᠵᠦ ᠶᠠᠪᠤᠭ᠎ᠠ ᠥᠭᠡᠯᠦᠨ ᠡᠬᠡ ᠪᠡᠨ ᠦᠵᠡᠭᠡᠳ ᠬᠦᠨᠳᠦ ᠪᠡᠷ ᠠᠮᠢᠰᠬᠤᠭᠠᠳᠠᠨ ᠪᠡᠶ᠎ᠡ ᠪᠡᠨ ᠪᠠᠷᠢᠯ᠎ᠠ᠃ᠲᠡᠷᠡ ᠬᠤᠷᠳᠤᠨ ᠲᠠᠢᠪᠤᠰᠢᠷᠠᠪᠠ᠃ᠣᠳᠣ ᠪᠠᠢᠳᠠᠯ ᠢ᠋ ᠬᠤᠷᠴᠠᠳᠬᠠᠨ ᠪᠥᠷᠲᠡ ᠶ᠋ᠢᠨ ᠠᠭᠤᠷ ᠪᠣᠬᠢᠮᠳᠤᠯ ᠢ᠋ ᠳᠠᠬᠢᠨ ᠣᠪᠣᠯᠵᠠᠭᠤᠯᠬᠤ ᠦᠭᠡᠢ ᠪᠠᠢᠬᠤ ᠨᠢ ᠵᠥᠪ ᠭᠡᠵᠦ ᠪᠣᠳᠣᠵᠠᠢ᠃
— ᠪᠢ ᠶᠠᠭᠤ ᠴᠤ᠌ ᠪᠣᠯᠤᠭᠰᠠᠨ ᠬᠥᠪᠡᠭᠦᠳ ᠢ᠋ᠶ᠋ᠡᠨ ᠵᠠᠮᠤᠬ᠎ᠠ ᠶ᠋ᠢᠨ ᠭᠠᠷ ᠲᠤ᠌ ᠵᠦᠭᠡᠷ ᠣᠷᠬᠢᠬᠤ ᠦᠭᠡᠢ᠃ᠲᠡᠢᠮᠦ ᠠ᠋᠃ᠵᠥᠴᠢ᠂ ᠴᠠᠭᠠᠲᠠᠢ ᠬᠥᠪᠡᠭᠦᠳ ᠮᠢᠨᠢ ᠦᠬᠦᠵᠦ ᠦᠷᠡᠭᠳᠡᠵᠦ ᠮᠡᠳᠡᠨ᠎ᠡ᠃ᠭᠡᠪᠡᠴᠦ ᠨᠠᠳᠠᠳᠤ ᠳᠠᠬᠢᠭᠠᠳ ᠥᠭᠡᠳᠡᠢ ᠲᠤᠯᠤᠢ ᠬᠣᠶᠠᠷ ᠬᠥᠪᠡᠭᠦᠨ ᠮᠢᠨᠢ ᠦᠯᠡᠳᠡᠨ᠎ᠡ᠃ᠪᠠᠰᠠ ᠪᠣᠷᠵᠢᠭᠢᠨ ᠠᠢᠮᠠᠭ ᠦᠯᠡᠳᠡᠨ᠎ᠡ᠃ᠪᠣᠷᠵᠢᠭᠢᠨ ᠠᠢᠮᠠᠭ ᠨᠠᠳᠠᠳᠤ ᠬᠥᠪᠡᠭᠦᠳ ᠦ᠋ᠨ ᠮᠢᠨᠢ ᠠᠮᠢᠨ ᠡᠴᠡ ᠴᠤ᠌ ᠦᠨᠡᠲᠡᠢ ᠶᠤᠮ᠃
ᠡᠨᠡ ᠪᠣᠯ ᠳᠡᠩᠳᠡᠭᠦᠦ ᠬᠠᠲᠠᠭᠤ ᠴᠤ᠌ ᠦᠨᠡᠨ ᠦᠭᠡ ᠪᠠᠢᠪᠠ᠃ᠬᠡᠷᠪᠡ ᠪᠣᠷᠵᠢᠭᠢᠨ ᠠᠢᠮᠠᠭ ᠦᠭᠡᠢ ᠪᠣᠯ ᠲᠡᠮᠦᠵᠢᠨ ᠪᠥᠷᠲᠡ ᠬᠣᠶᠠᠷ ᠬᠡᠴᠢᠨᠡᠨ ᠴᠦ᠍ ᠬᠥᠪᠡᠭᠦᠳ ᠲᠡᠢ ᠪᠠᠢᠭᠠᠳ ᠶᠠᠭᠤᠨ ᠤ᠋ ᠭᠠᠪᠢᠶ᠎ᠠ ᠪᠢᠯᠡ᠃ᠪᠥᠷᠲᠡ ᠤᠳᠠᠭᠠᠨ ᠪᠣᠳᠣᠯ᠎ᠠ᠃ᠲᠡᠮᠦᠵᠢᠨ ᠴᠦ᠍ ᠲᠡᠪᠴᠢᠶᠡᠷᠢ ᠲᠡᠢ ᠬᠦᠯᠢᠶᠡᠪᠡ᠃ᠲᠡᠮᠦᠵᠢᠨ ᠥᠪᠡᠷ ᠦ᠋ᠨ ᠰᠢᠢᠳᠪᠦᠷᠢ ᠡᠴᠡ ᠬᠡᠷᠬᠢᠪᠡᠴᠦ ᠪᠤᠴᠠᠬᠤ ᠦᠭᠡᠢ ᠨᠢ ᠲᠣᠳᠣᠷᠬᠠᠢ ᠪᠠᠢᠯ᠎ᠠ᠃ᠲᠡᠷᠡ ᠪᠥᠷᠲᠡ ᠶ᠋ᠢᠨ ᠬᠣᠶᠠᠷ ᠬᠥᠪᠡᠭᠦᠨ ᠢ᠋ ᠪᠤᠯᠢᠶᠠᠨ ᠠᠪᠴᠤ ᠦᠬᠦᠯ ᠳ᠋ᠦ᠍ ᠰᠢᠲᠠᠵᠤ ᠥᠭᠬᠦ ᠪᠡᠷ ᠨᠢᠭᠡᠨᠲᠡ ᠰᠢᠢᠳᠴᠡᠢ᠃
— ᠪᠢ ᠰᠥᠨᠢ ᠪᠤᠴᠠᠵᠤ ᠣᠴᠢᠬᠤ ᠶᠣᠰᠣᠲᠠᠢ ᠭᠡᠵᠦ ᠲᠡᠮᠦᠵᠢᠨ ᠤᠨᠲᠠᠷᠠᠭᠰᠠᠨ ᠭᠠᠯ ᠤ᠋ᠨ ᠦᠨᠡᠰᠦ ᠬᠤᠳᠬᠤᠬᠤ ᠵᠠᠭᠤᠷ᠎ᠠ ᠬᠡᠯᠡᠭᠰᠡᠨ ᠨᠢ ᠶᠠᠭᠠᠷᠠᠵᠤ ᠪᠣᠢ ᠪᠠᠨ ᠢᠯᠡᠷᠬᠡᠢᠯᠡᠭᠰᠡᠨ ᠬᠡᠷᠡᠭ ᠪᠠᠢᠪᠠ᠃
— ᠬᠥᠪᠡᠭᠦᠳ ᠢ᠋ᠶ᠋ᠡᠨ ᠳᠠᠭᠤᠳᠠᠬᠤ ᠤᠤ? ᠭᠡᠵᠦ ᠪᠥᠷᠲᠡ ᠶ᠋ᠢ ᠬᠡᠯᠡᠬᠦ ᠳ᠋ᠦ᠍ ᠲᠡᠮᠦᠵᠢᠨ
— ᠪᠥᠷᠲᠡ ᠴᠢ ᠵᠥᠪᠰᠢᠶᠡᠷᠡᠵᠦ ᠪᠠᠢᠨ᠎ᠠ ᠤᠤ? ᠭᠡᠵᠦ ᠪᠠᠶᠠᠷᠯᠠᠨ ᠳᠠᠭᠤ ᠠᠯᠳᠠᠪᠠ᠃
— ᠲᠡᠮᠦᠵᠢᠨ᠃ᠪᠢ ᠵᠥᠪᠰᠢᠶᠡᠷᠡᠵᠦ ᠪᠠᠢᠨ᠎ᠠ᠃ᠪᠢᠳᠡᠨ ᠳ᠋ᠦ᠍ ᠪᠠᠰᠠ ᠥᠭᠡᠳᠡᠢ᠂ ᠲᠤᠯᠤᠢ ᠬᠣᠶᠠᠷ ᠬᠥᠪᠡᠭᠦᠨ ᠪᠠᠢᠭ᠎ᠠ ᠶ᠋ᠢ ᠪᠢ ᠮᠠᠷᠲᠠᠵᠠᠢ᠃
ᠲᠡᠮᠦᠵᠢᠨ ᠪᠥᠷᠲᠡ ᠶ᠋ᠢ ᠬᠠᠢᠷᠠᠯᠠᠨ ᠲᠡᠪᠡᠷᠢᠪᠡ᠃ᠲᠡᠮᠦᠵᠢᠨ ᠡᠨᠳᠡ ᠡᠴᠢᠭᠡ ᠶ᠋ᠢᠨ ᠨᠠᠰᠤ ᠪᠠᠷᠠᠭᠰᠠᠨ ᠡᠴᠡ ᠬᠣᠢᠰᠢ ᠠᠩᠬ᠎ᠠ ᠤᠳᠠᠭ᠎ᠠ ᠤᠬᠢᠯᠠᠪᠠ᠃ᠴᠣᠬᠣᠮ ᠶᠠᠭᠠᠬᠢᠭᠠᠳ ᠤᠬᠢᠯᠠᠭᠰᠠᠨ ᠢ᠋ᠶ᠋ᠠᠨ ᠲᠡᠷᠡ ᠮᠡᠳᠡᠭᠰᠡᠨ ᠦᠭᠡᠢ᠃ᠶᠠᠭᠤᠲᠠᠢ ᠴᠤ᠌ ᠬᠠᠯᠠᠭᠤᠨ ᠨᠢᠯᠪᠤᠰᠤ ᠨᠢ ᠬᠠᠴᠠᠷ ᠳᠠᠭᠠᠨ ᠤᠷᠤᠰᠴᠤ ᠪᠠᠢᠪᠠ᠃ᠭᠡᠪᠡᠴᠦ ᠬᠠᠲᠠᠭᠤ ᠰᠡᠳᠬᠢᠯᠲᠦ ᠲᠡᠮᠦᠵᠢᠨ ᠥᠪᠡᠷ ᠦ᠋ᠨ ᠨᠢᠯᠪᠤᠰᠤ ᠡᠴᠡ ᠪᠠᠨ ᠣᠭᠲᠣᠬᠠᠨ ᠴᠤ᠌ ᠢᠴᠢᠭᠰᠡᠨ ᠦᠭᠡᠢ᠃ᠮᠠᠭᠠᠳ ᠦᠭᠡᠢ᠂ ᠬᠠᠢᠷᠠᠲᠠᠢ ᠬᠥᠪᠡᠭᠦᠳ ᠡᠴᠡ ᠪᠡᠨ ᠬᠠᠭᠠᠴᠠᠬᠤ ᠳ᠋ᠤ᠌ ᠪᠥᠷᠲᠡ ᠳ᠋ᠦ᠍ ᠬᠡᠴᠢᠨᠡᠨ ᠬᠦᠨᠳᠦ ᠪᠣᠯᠬᠤ ᠶ᠋ᠢ ᠣᠢᠯᠠᠭᠠᠭᠠᠳ ᠲᠡᠷᠡ ᠪᠢᠵᠡ᠃ᠡᠰᠡᠪᠡᠯ ᠭᠣᠣᠯ ᠡᠴᠡ ᠬᠠᠢᠷᠠᠲᠠᠢ ᠴᠠᠭᠠᠲᠠᠢ ᠬᠥᠪᠡᠭᠦᠨ ᠢ᠋ᠶ᠋ᠡᠨ ᠶᠠᠪᠤᠭᠤᠯᠬᠤ ᠳ᠋ᠤ᠌ ᠲᠡᠮᠦᠵᠢᠨ ᠳ᠋ᠦ᠍ ᠦᠨᠡᠬᠡᠷ ᠠᠶᠤᠮᠰᠢᠭᠲᠠᠢ᠂ ᠬᠠᠷᠠᠭᠤᠰᠤᠮᠠᠷ ᠪᠠᠢᠭᠰᠠᠨ ᠴᠤ᠌ ᠶᠤᠮ ᠤᠤ᠂ ᠶᠡᠷᠦ ᠨᠢ ᠶᠠᠭᠠᠬᠢᠭᠠᠳ ᠨᠢᠯᠪᠤᠰᠤ ᠤᠷᠤᠰᠬᠠᠭᠰᠠᠨ ᠢ᠋ᠶ᠋ᠠᠨ ᠣᠢᠯᠠᠭᠠᠭᠰᠠᠨ ᠦᠭᠡᠢ᠃ᠬᠠᠷᠢᠨ ᠵᠥᠴᠢ ᠶ᠋ᠢ ᠢᠯᠡᠭᠡᠬᠦ ᠶ᠋ᠢᠨ ᠲᠤᠯᠠᠳᠠ ᠴᠠᠭᠠᠲᠠᠢ ᠬᠥᠪᠡᠭᠦᠨ ᠢ᠋ᠶ᠋ᠡᠨ ᠵᠣᠯᠢᠶᠠᠰᠤᠯᠠᠬᠤ ᠡᠴᠡ ᠥᠭᠡᠷ᠎ᠡ ᠠᠷᠭ᠎ᠠ ᠲᠡᠮᠦᠵᠢᠨ ᠳ᠋ᠦ᠍ ᠦᠯᠡᠳᠡᠭᠰᠡᠨ ᠦᠭᠡᠢ᠃ᠬᠡᠷᠡᠭ ᠶᠠᠪᠤᠳᠠᠯ ᠨᠢᠭᠡᠨᠲᠡ ᠰᠢᠢᠳᠦᠭᠳᠡᠭᠰᠡᠨ ᠲᠤᠯᠠ ᠪᠥᠷᠲᠡ ᠥᠭᠡᠯᠦᠨ ᠡᠬᠡ ᠶ᠋ᠢᠨ ᠬᠠᠮᠲᠤ ᠭᠥᠷᠦᠭᠡᠰᠦᠨ ᠦ᠌ ᠮᠢᠬ᠎ᠠ ᠰᠢᠷᠠᠵᠤ ᠲᠡᠳᠡ ᠬᠠᠯᠠᠭᠤᠨ ᠠᠮᠠ ᠪᠦᠯᠢ ᠪᠡᠷ ᠢ᠋ᠶ᠋ᠡᠨ ᠬᠣᠭᠣᠯᠠᠯᠠᠪᠠ᠃ᠵᠡᠯᠮ᠎ᠡ ᠨᠢᠭᠡᠨᠲᠡ ᠬᠡᠷᠡᠭ ᠦ᠋ᠨ ᠤᠴᠢᠷ ᠢ᠋ ᠮᠡᠳᠡᠵᠦ ᠪᠠᠢᠭᠰᠠᠨ ᠲᠤᠯᠠ ᠨᠢᠭᠡ ᠴᠦ᠍ ᠦᠭᠡ ᠳᠤᠤᠭᠠᠷᠤᠭᠰᠠᠨ ᠦᠭᠡᠢ ᠬᠣᠯᠠ ᠦᠭᠡᠢ ᠮᠣᠳᠣᠨ ᠤ᠋ ᠢᠷᠣᠭᠠᠷ ᠲᠤ᠌ ᠰᠠᠭᠤᠭᠠᠳ ᠮᠢᠬ᠎ᠠ ᠵᠤᠯᠭᠠᠭᠠᠵᠤ ᠪᠠᠢᠪᠠ᠃ᠵᠠᠯᠮ᠎ᠠ ᠤᠭ ᠡᠴᠡ ᠶᠢᠰᠦᠭᠡᠢ ᠶ᠋ᠢᠨ ᠤᠨᠠᠭᠠᠨ ᠪᠣᠭᠣᠯ ᠲᠤᠯᠠ ᠬᠡᠵᠢᠶ᠎ᠡ ᠴᠦ᠍ ᠢᠯᠡᠭᠦᠦ ᠳᠤᠲᠠᠭᠤ ᠦᠭᠡ ᠦᠯᠦ ᠬᠡᠯᠡᠳᠡᠭ ᠪᠢᠯᠡ᠃
— ᠬᠥᠪᠡᠭᠦᠳ ᠢ᠋ᠶ᠋ᠡᠨ ᠳᠠᠭᠤᠳᠠ! ᠭᠡᠵᠦ ᠲᠡᠮᠦᠵᠢᠨ ᠮᠢᠬ᠎ᠠ ᠢᠳᠡᠵᠦ ᠴᠠᠳᠤᠭᠠᠳ ᠪᠤᠯᠠᠭ ᠤ᠋ᠨ ᠬᠦᠢᠲᠡᠨ ᠤᠰᠤ ᠵᠠᠯᠭᠢᠯᠠᠭᠰᠠᠨ ᠤ᠋ ᠳᠠᠷᠠᠭ᠎ᠠ ᠬᠡᠯᠡᠪᠡ᠃ᠵᠥᠴᠢ ᠴᠠᠭᠠᠲᠠᠢ ᠬᠣᠶᠠᠷ ᠢ᠋ᠶ᠋ᠠᠨ ᠰᠡᠭᠦᠯᠴᠢ ᠶ᠋ᠢᠨ ᠤᠳᠠᠭ᠎ᠠ ᠬᠠᠷᠠᠵᠤ ᠪᠠᠢᠵᠤ ᠮᠡᠳᠡᠬᠦ ᠴᠦ᠍ ᠪᠥᠷᠲᠡ ᠶᠡᠷᠦ ᠰᠢᠨᠠᠯᠵᠤ ᠬᠠᠷᠠᠮᠰᠠᠭᠰᠠᠨ ᠦᠭᠡᠢ᠃ᠲᠡᠭᠦᠨ ᠦ᠌ ᠰᠡᠳᠬᠢᠯ ᠲᠡᠮᠦᠵᠢᠨ ᠦ᠌ ᠬᠣᠯᠠ ᠶ᠋ᠢᠨ ᠬᠠᠲᠠᠭᠤ ᠴᠢᠩᠭ᠎ᠠ ᠵᠣᠷᠢᠯᠭ᠎ᠠ ᠶ᠋ᠢ ᠣᠢᠯᠠᠭᠠᠵᠤ ᠪᠠᠢᠯ᠎ᠠ᠃ᠡᠢᠮᠦ ᠶᠠᠭᠤᠮ᠎ᠠ ᠦᠵᠡᠬᠦ ᠭᠡᠵᠦ ᠲᠡᠷᠡ ᠲᠡᠮᠦᠵᠢᠨ ᠢ᠋ ᠳᠠᠭᠠᠭᠰᠠᠨ ᠪᠣᠯᠬᠣᠷ ᠬᠥᠪᠡᠭᠦᠳ ᠦ᠋ᠨ ᠢ᠋ᠶ᠋ᠡᠨ ᠦᠬᠦᠯ ᠳ᠋ᠦ᠍ ᠨᠢᠭᠡᠨᠲᠡ ᠬᠠᠷᠠᠮᠰᠠᠨ ᠭᠠᠰᠢᠭᠤᠳᠠᠬᠤ ᠦᠭᠡᠢ ᠪᠠᠢᠬᠤ ᠪᠠᠷ ᠡᠷᠡᠰ ᠰᠢᠢᠳᠴᠡᠢ᠃ ᠥᠨᠳᠥᠷ ᠭᠤᠸᠠᠯᠢᠭ ᠪᠡᠶ᠎ᠡ ᠲᠡᠢ ᠵᠥᠴᠢ᠂ ᠪᠠᠬᠢᠮ(ᠪᠣᠭᠣᠨᠢ) ᠱᠠᠭᠠᠨᠲᠠᠭ ᠰᠢᠭ᠋ ᠴᠠᠭᠠᠲᠠᠢ ᠬᠣᠶᠠᠷ ᠨᠢᠳᠦ ᠪᠡᠨ ᠭᠢᠯᠠᠯᠵᠠᠭᠤᠯᠤᠨ ᠡᠴᠢᠭᠡ ᠡᠬᠡ ᠶ᠋ᠢᠨ ᠢ᠋ᠶ᠋ᠡᠨ ᠡᠮᠦᠨ᠎ᠡ ᠵᠣᠭᠰᠣᠨ᠎ᠠ᠃ᠲᠡᠮᠦᠵᠢᠨ ᠲᠡᠳᠡᠨ ᠢ᠋ ᠪᠡᠨ ᠬᠠᠷᠠᠮᠠᠭᠴᠠ ᠭᠡᠨᠡᠳᠲᠡ ᠨᠢᠯᠬ᠎ᠠ ᠪᠠᠯᠴᠢᠷ ᠦᠷᠡᠰ ᠨᠢ ᠦᠷᠦ ᠡᠪᠡᠳᠦᠯᠲᠡᠢ᠂ ᠬᠠᠢᠷᠠᠯᠠᠯᠲᠠᠢ ᠰᠠᠨᠠᠭᠳᠠᠭᠠᠳ ᠳᠠᠰᠤᠯ ᠦᠭᠡᠢ ᠲᠡᠳᠡᠨ ᠢ᠋ ᠡᠯᠢᠭᠡᠨ ᠳ᠋ᠡᠭᠡᠨ ᠨᠠᠭᠠᠨ ᠲᠡᠪᠡᠷᠢᠭᠰᠡᠨ ᠪᠢᠯᠡ᠃ᠭᠡᠪᠡᠴᠦ ᠲᠡᠭᠦᠨ ᠳ᠋ᠦ᠍ ᠤᠬᠤᠷᠢᠬᠤ ᠪᠤᠴᠠᠬᠤ ᠵᠠᠮ ᠨᠢᠭᠡᠨᠲᠡ ᠦᠭᠡᠢ ᠪᠣᠯᠵᠠᠢ᠃ᠬᠥᠪᠡᠭᠦᠳ ᠢ᠋ᠶ᠋ᠡᠨ ᠡᠯᠢᠭᠡᠨ ᠳ᠋ᠡᠭᠡᠨ ᠲᠡᠪᠡᠷᠢᠭᠰᠡᠨ ᠲᠡᠮᠦᠵᠢᠨ ᠢ᠋ ᠬᠠᠷᠠᠭᠠᠳ ᠥᠭᠡᠯᠦᠨ᠂ ᠪᠥᠷᠲᠡ ᠬᠣᠶᠠᠷ ᠨᠢᠯᠪᠤᠰᠤ ᠪᠠᠨ ᠪᠠᠷᠢᠵᠤ ᠲᠡᠪᠴᠢᠭᠰᠡᠨ ᠦᠭᠡᠢ᠃ᠶᠠᠮᠠᠷ ᠭᠡᠭᠴᠢ ᠴᠠᠭ ᠦᠶ᠎ᠡ ᠬᠤᠪᠢ ᠵᠣᠬᠢᠶᠠᠯ ᠢ᠋ᠶ᠋ᠠᠷ ᠤᠴᠠᠷᠠᠵᠤ ᠲᠥᠷᠥᠭᠰᠡᠨ ᠡᠴᠢᠭᠡ ᠬᠥᠪᠡᠭᠦᠳ ᠪᠣᠯᠬᠤ ᠶ᠋ᠢ ᠬᠡᠨ ᠶᠠᠭᠠᠬᠢᠨ ᠮᠡᠳᠡᠬᠦ ᠪᠢᠯᠡ᠃
— ᠴᠢᠨᠦ ᠬᠡᠯᠡᠭᠰᠡᠨ ᠢ᠋ᠶ᠋ᠡᠷ ᠵᠥᠴᠢ ᠶ᠋ᠢ ᠭᠠᠭᠴᠠᠭᠠᠷ ᠢ᠋ ᠨᠢ ᠶᠠᠪᠤᠭᠤᠯᠤᠶ᠎ᠠ ᠭᠡᠵᠦ ᠪᠥᠷᠲᠡ ᠶ᠋ᠢ ᠬᠡᠯᠡᠬᠦ ᠳ᠋ᠦ᠍ ᠲᠡᠮᠦᠵᠢᠨ ᠤᠳᠠᠭᠠᠨ ᠪᠣᠳᠣᠵᠤ ᠰᠠᠭᠤᠭᠠᠳ
— ᠦᠭᠡᠢ᠃ᠴᠢᠨᠦ ᠬᠡᠯᠡᠭᠰᠡᠨ ᠵᠥᠪ᠃ᠵᠥᠴᠢ ᠶ᠋ᠢ ᠭᠠᠭᠴᠠᠭᠠᠷ ᠶᠠᠪᠤᠭᠤᠯᠪᠠᠯ ᠵᠠᠮᠤᠬ᠎ᠠ ᠮᠢᠨᠦ ᠦᠭᠡᠨ ᠳ᠋ᠦ᠍ ᠢᠲᠡᠭᠡᠬᠦ ᠦᠭᠡᠢ ᠪᠠᠢᠵᠤ ᠮᠡᠳᠡᠨ᠎ᠡ᠃ᠵᠥᠴᠢ᠂ ᠴᠠᠭᠠᠲᠠᠢ ᠬᠣᠶᠠᠷ ᠢ᠋ᠶ᠋ᠠᠨ ᠬᠠᠮᠲᠤ ᠶᠠᠪᠤᠭᠤᠯᠤᠶ᠎ᠠ ᠭᠡᠵᠡᠢ᠃ᠢᠩᠭᠢᠵᠦ ᠪᠥᠷᠲᠡ ᠬᠠᠢᠷᠠᠲᠠᠢ ᠬᠣᠶᠠᠷ ᠬᠥᠪᠡᠭᠦᠨ ᠢ᠋ᠶ᠋ᠡᠨ ᠦᠬᠦᠯ ᠳ᠋ᠦ᠍ ᠰᠢᠲᠠᠵᠤ ᠥᠭᠴᠡᠢ᠃ᠬᠥᠪᠡᠭᠦᠳ ᠨᠢ ᠡᠴᠢᠭᠡ ᠶ᠋ᠢᠨ ᠢ᠋ᠶ᠋ᠡᠨ ᠦᠭᠡ ᠶ᠋ᠢ ᠴᠡᠭᠡᠵᠢᠯᠡᠵᠦ ᠠᠪᠤᠭᠠᠳ ᠠᠩ ᠳ᠋ᠤ᠌ ᠶᠠᠪᠤᠵᠤ ᠪᠣᠢ ᠮᠡᠲᠦ ᠪᠥᠭᠡᠮ ᠪᠠᠶᠠᠷ ᠬᠥᠷ ᠳᠦᠭᠦᠷᠡᠩ ᠠᠮᠢᠲᠠᠳ ᠪᠣᠭᠣᠯ ᠲᠡᠳᠦ ᠶ᠋ᠢ ᠳᠠᠭᠠᠭᠤᠯᠤᠨ ᠮᠣᠷᠳᠠᠬᠤ ᠳ᠋ᠤ᠌ ᠪᠥᠷᠲᠡ ᠶ᠋ᠢᠨ ᠬᠥᠯ ᠦ᠋ᠨ ᠳᠣᠣᠷᠠᠬᠢ ᠭᠠᠵᠠᠷ ᠴᠥᠮᠥᠷᠡᠬᠦ ᠰᠢᠭ ᠪᠣᠯᠤᠭᠰᠠᠨ ᠴᠤ᠌ ᠬᠥᠪᠡᠭᠦᠳ ᠢ᠋ᠶ᠋ᠡᠨ ᠠᠶᠤᠯᠭᠠᠬᠤ ᠦᠭᠡᠢ ᠶ᠋ᠢᠨ ᠲᠤᠯᠠᠳᠠ ᠬᠦᠴᠦ ᠪᠡᠷ ᠢᠨᠢᠶᠡᠵᠦ ᠦᠳᠡᠭᠰᠡᠨ ᠪᠢᠯᠡ᠃ᠲᠡᠮᠦᠵᠢᠨ ᠴᠦ᠍ ᠤᠳᠠᠯ ᠦᠭᠡᠢ ᠶᠠᠪᠤᠪᠠ᠃ᠲᠡᠷᠡ ᠰᠥᠨᠢ ᠪᠥᠷᠲᠡ ᠣᠬᠢᠯᠠᠭ᠎ᠠ ᠦᠭᠡᠢ ᠴᠦ᠍ ᠥᠪᠡᠷ ᠢ᠋ ᠪᠡᠨ ᠡᠨᠡ ᠶᠢᠷᠲᠢᠨᠴᠦ ᠶ᠋ᠢᠨ ᠬᠠᠮᠤᠭ ᠤ᠋ᠨ ᠲᠡᠨᠡᠭ ᠡᠮ᠎ᠡ ᠭᠡᠵᠦ ᠬᠠᠷᠢᠶᠠᠵᠤ ᠬᠣᠨᠣᠵᠠᠢ᠃ᠵᠥᠴᠢ ᠶ᠋ᠢ ᠭᠠᠭᠴᠠᠭᠠᠷ ᠶᠠᠪᠤᠭᠤᠯᠤᠶ᠎ᠠ ᠭᠡᠬᠦ ᠳ᠋ᠦ᠍ ᠵᠥᠪᠰᠢᠶᠡᠷᠡᠵᠦ ᠴᠢᠳᠠᠭ᠎ᠠ ᠦᠭᠡᠢ ᠮᠥᠷᠲᠡᠭᠡᠨ ᠴᠠᠭᠠᠲᠠᠢ ᠶ᠋ᠢᠨ ᠬᠠᠮᠲᠤ ᠶᠠᠪᠤᠭᠤᠯᠤᠶ᠎ᠠ ᠭᠡᠬᠦ ᠳ᠋ᠦ᠍ᠨᠢ ᠵᠥᠪᠰᠢᠶᠡᠷᠡᠵᠦ ᠪᠠᠢᠳᠠᠭ ᠲᠡᠨᠡᠭ ᠡᠮ᠎ᠡ ᠨᠠᠳᠠ ᠡᠴᠡ ᠥᠭᠡᠷ᠎ᠡ ᠦᠭᠡᠢ ᠪᠢᠵᠡ ᠭᠡᠵᠦ ᠥᠩᠭᠡᠷᠡᠭᠰᠡᠨ ᠬᠣᠢᠨ᠎ᠠ ᠦᠷᠦ ᠪᠡᠨ ᠡᠪᠡᠳᠬᠡᠨ ᠰᠢᠨᠠᠯᠤᠭᠰᠠᠭᠠᠷ ᠪᠠᠢᠪᠠ᠃ᠭᠡᠪᠡᠴᠦ ᠬᠥᠪᠡᠭᠦᠳ ᠨᠢ ᠡᠴᠢᠭᠡ ᠶ᠋ᠢᠨ ᠢ᠋ᠶ᠋ᠡᠨ ᠡᠮᠦᠨ᠎ᠡ ᠡᠴᠡ ᠦᠬᠦᠬᠦ ᠶᠣᠰᠣᠲᠠᠢ ᠪᠣᠯ ᠦᠬᠦᠬᠦ ᠡᠴᠡ ᠭᠡᠵᠦ ᠬᠠᠲᠠᠭᠤ ᠰᠡᠳᠬᠢᠯ ᠭᠠᠷᠭᠠᠵᠤ ᠪᠠᠢᠭᠰᠠᠨ ᠴᠤ᠌ ᠵᠦᠭᠡᠷ ᠬᠡᠪᠲᠡᠵᠦ ᠡᠰᠡ ᠴᠢᠳᠠᠭᠠᠳ ᠪᠣᠰᠴᠤ ᠲᠩᠷᠢ ᠳ᠋ᠦ᠍ ᠮᠥᠷᠭᠥᠵᠦ ᠬᠥᠪᠡᠭᠦᠳ ᠢ᠋ᠶ᠋ᠡᠨ ᠠᠪᠤᠷᠠᠨ ᠬᠠᠮᠠᠭᠠᠯᠠᠬᠤ ᠶ᠋ᠢ ᠭᠤᠶᠤᠵᠠᠢ᠃ᠪᠥᠷᠲᠡ ᠶ᠋ᠢᠨ ᠲᠩᠷᠢ ᠳ᠋ᠦ᠍ ᠮᠥᠷᠭᠥᠨ ᠭᠤᠶᠤᠭᠰᠠᠨ ᠨᠢ ᠲᠠᠯᠠᠭᠠᠷ ᠪᠣᠯᠤᠭᠰᠠᠨ ᠦᠭᠡᠢ ᠪᠢᠯᠡ᠃
ᠵᠡᠭᠡᠷᠡᠨ ᠬᠠᠪᠴᠢᠯ ᠤ᠋ᠨ ᠳᠣᠯᠣᠭᠠᠨ ᠶᠠᠭ ᠯᠠ ᠲᠡᠮᠦᠵᠢᠨ ᠦ᠌ ᠰᠠᠨᠠᠭᠰᠠᠨ ᠢ᠋ᠶ᠋ᠠᠷ ᠪᠣᠯᠪᠠ᠃ᠵᠥᠴᠢ ᠴᠠᠭᠠᠲᠠᠢ ᠬᠣᠶᠠᠷ ᠢ᠋ᠶ᠋ᠠᠷ ᠲᠡᠮᠦᠵᠢᠨ ᠦ᠌ ᠬᠡᠯᠡᠭᠦᠯᠦᠭᠰᠡᠨ ᠦᠭᠡ ᠶ᠋ᠢ ᠵᠠᠮᠤᠬ᠎ᠠ ᠰᠣᠨᠣᠰᠤᠮᠠᠭᠴᠠ ᠬᠣᠶᠠᠷ ᠡᠳᠦᠷ ᠦ᠋ᠨ ᠳᠠᠷᠠᠭ᠎ᠠ ᠴᠡᠷᠢᠭ ᠢ᠋ᠶ᠋ᠡᠨ ᠲᠡᠳᠡᠨ ᠣᠳᠪᠠ᠃ᠬᠠᠷᠢᠨ ᠲᠡᠮᠦᠵᠢᠨ ᠢ᠋ ᠭᠠᠢᠬᠠᠰᠢᠷᠠᠭᠤᠯᠵᠤ ᠪᠦᠷ ᠪᠢᠰᠢᠷᠡᠭᠦᠯᠦᠮᠡᠷ ᠶᠠᠪᠤᠳᠠᠯ ᠪᠣᠯᠤᠭᠰᠠᠨ ᠨᠢ ᠵᠥᠴᠢ ᠬᠥᠪᠡᠭᠦᠨ ᠨᠢ ᠵᠠᠮᠤᠬ᠎ᠠ ᠶ᠋ᠢᠨ ᠬᠦᠷᠢᠶᠡᠨ ᠳ᠋ᠦ᠍ ᠣᠴᠢᠭᠠᠳ ᠬᠣᠶᠠᠷ ᠬᠣᠨᠣᠬᠤ ᠳ᠋ᠠᠭᠠᠨ ᠨᠢᠳᠦ ᠴᠠᠪᠴᠢᠯ ᠦᠭᠡᠢ ᠪᠠᠢᠵᠤ ᠴᠢᠳᠠᠭᠠᠳ ᠳᠡᠭᠦᠦ ᠪᠡᠨ ᠳᠠᠭᠠᠭᠤᠯᠤᠨ ᠤᠷᠭᠤᠵᠤ ᠢᠷᠡᠭᠰᠡᠨ ᠬᠡᠷᠡᠭ ᠶᠤᠮ᠃ᠡᠨᠡ ᠪᠣᠯ ᠬᠢᠷᠢ ᠪᠠᠷᠤᠭ ᠤ᠋ᠨ ᠣᠪᠵᠢᠨ ᠭᠠᠪᠰᠢᠭᠠᠢ ᠴᠡᠷᠢᠭ ᠴᠦ᠍ ᠴᠢᠳᠠᠨ᠎ᠠ ᠭᠡᠬᠦ ᠳ᠋ᠦ᠍ ᠡᠷᠡᠭᠡᠯᠵᠡᠮᠡᠷ ᠶᠠᠪᠤᠳᠠᠯ ᠲᠤᠯᠠ ᠲᠡᠮᠦᠵᠢᠨ ᠵᠥᠴᠢ ᠶ᠋ᠢ ᠶᠡᠬᠡᠳᠡ ᠪᠠᠬᠠᠳᠤᠨ ᠲᠣᠭᠣᠵᠤ᠂ ᠡᠭᠦᠨ ᠡᠴᠡ ᠤᠯᠪᠠᠭᠠᠯᠠᠨ ᠵᠥᠴᠢ ᠶ᠋ᠢᠨ ᠨᠡᠷ᠎ᠡ ᠣᠯᠠᠨ ᠤ᠋ ᠳᠤᠮᠳᠠ ᠰᠦᠷᠡᠬᠡᠢ ᠠᠯᠳᠠᠷᠰᠢᠪᠠ᠃ᠭᠡᠪᠡᠴᠦ ᠡᠨᠡ ᠨᠢ ᠪᠣᠭᠣᠯ ᠲᠡᠳᠦ ᠶ᠋ᠢᠨ ᠬᠦᠴᠦ ᠪᠠᠢᠭᠰᠠᠨ ᠢ᠋ ᠬᠡᠨ ᠴᠦ᠍ ᠲᠣᠭᠠᠴᠠᠭᠰᠠᠨ ᠦᠭᠡᠢ ᠪᠥᠭᠡᠳ ᠲᠡᠳᠦ ᠴᠦ᠍ ᠵᠥᠴᠢ ᠡᠵᠡᠨ ᠢ᠋ᠶ᠋ᠡᠨ ᠠᠪᠤᠷᠠᠭᠰᠠᠨ ᠢ᠋ᠶ᠋ᠠᠨ ᠥᠪᠡᠷ ᠦ᠋ᠨ ᠭᠠᠪᠢᠶ᠎ᠠ ᠭᠡᠵᠦ ᠳᠤᠷᠠᠳᠬᠤ ᠡᠷᠬᠡ ᠦᠭᠡᠢ ᠪᠠᠢᠯ᠎ᠠ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠶ᠋ᠢᠳ ᠮᠥᠩᠬᠡᠨᠠᠰᠤᠨ᠂ ᠬᠡᠯᠡᠰᠣᠶᠤᠯ᠂ ( ᠪᠤᠤ ᠸᠸᠨ ᠬᠤᠸᠠ)᠂ ᠱᠠᠭᠰᠠᠯ᠂
ᠠᠯᠲᠠᠨᠴᠡᠴᠡᠭ᠂ ᠨᠠᠷᠠᠨᠲᠤᠶᠠᠭ᠎ᠠ᠂ ᠰᠡᠴᠡᠨᠴᠢᠮᠡᠭ᠂ ᠵᠢᠩᠯᠢᠬᠤᠸᠠᠷ᠂ ᠡᠩᠬᠡᠪᠠᠲᠤ᠂ ᠠᠷᠢᠭᠤᠨ᠂
ᠮᠥᠩᠭᠥᠨ᠂ ᠴᠡᠴᠡᠭ᠂ ᠪᠠᠶᠠᠨᠰᠡᠷᠡᠩ᠂ ᠣᠶᠤᠨᠪᠢᠯᠢᠭ᠌᠂ ᠳᠡᠭᠦᠵᠠᠶᠠᠭ᠎ᠠ
ᠬᠢᠨᠠᠭᠴᠢ᠄ ᠣᠳᠬᠠᠨᠰᠣ᠎ᠠ᠂ ᠰᠡᠬᠡᠭᠡᠷᠡᠯ᠂ ᠮᠣᠩᠭᠣᠯ ᠰᠦᠨᠡᠰᠦ᠂ ᠠᠷᠢᠭᠤᠨ ᠂ ᠭᠠᠷᠮ᠎ᠠ᠂ ᠨᠠᠷᠠᠨ᠂
ᠰᠡᠴᠡᠨᠴᠢᠮᠡᠭ᠂ ᠲ·ᠬᠦᠮᠦᠵᠢᠯᠲᠦ᠂ ᠱᠠᠭᠰᠠᠯ᠂ ᠪᠠᠶᠠᠨᠴᠡᠴᠡᠭ᠂ ᠬᠡᠯᠡᠰᠣᠶᠤᠯ᠂ ᠬᠠᠢ ᠵᠢᠶᠦ᠋ᠨ
