ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠭᠤᠷᠪᠠ> Хан мунын сүүрс < доорд > – Мөнх зохиоов ᠂Дөдгөөр бодь – Нэгдүгээр бүлэг <3>
ᠲᠦᠲᠦᠭᠡᠷ ᠪᠣᠲᠢ – ᠨᠢᠭᠡᠳᠦᠭᠡᠷ ᠪᠦᠯᠦᠭ <ᠭᠤᠷᠪᠠ>
ᠭᠤᠷᠪᠠ
ᠤᠯᠠᠭᠠᠨ ᠬᠠᠲᠤᠨ ᠤ᠋ ᠴᠠᠭᠠᠭᠤᠷ ᠪᠣᠷᠣ ᠰᠠᠭᠠᠷᠠᠯ ᠬᠦᠷᠮ᠎ᠡ ᠲᠡᠢ ᠪᠠᠰᠠ ᠨᠢᠭᠡ ᠪᠦᠯᠦᠭ ᠰᠦᠷᠡᠬᠡᠢ ᠬᠦᠴᠦᠨ ᠪᠦᠷᠢᠯᠳᠦᠵᠦ ᠴᠡᠷᠢᠭᠴᠢᠯᠡᠭᠡᠳ ᠪᠠᠢᠨ ᠪᠠᠢᠨ ᠬᠠᠲᠤᠨ ᠭᠠᠲᠤᠯᠵᠤ ᠨᠠᠭᠠᠰᠢ ᠨᠤᠲᠤᠭ ᠥᠨᠳᠡᠯᠵᠡᠬᠦ ᠪᠠᠢᠳᠠᠯ ᠲᠠᠢ ᠭᠡᠰᠡᠨ ᠴᠢᠮᠡᠭᠡ ᠬᠠ ᠶᠠ ᠦᠭᠡᠢ ᠳᠤᠭᠤᠯᠳᠠᠨ᠎ᠠ᠁
ᠶᠡᠬᠡ ᠡᠷᠲᠡ ᠤᠯᠠᠭᠠᠨ ᠮᠠᠯᠠᠭᠠᠢᠲᠤ ᠂ ᠰᠢᠷ᠎ᠠ ᠠᠯᠴᠢᠭᠤᠷᠲᠤ ᠴᠡᠷᠢᠭ ᠮᠣᠩᠭᠣᠯ ᠨᠤᠲᠤᠭ ᠲᠤ ᠶᠡᠬᠡᠳᠡ ᠰᠠᠮᠠᠭᠤᠷᠠᠵᠤ ᠪᠠᠢᠯ᠎ᠠ ᠭᠡᠳᠡᠭ᠃ ᠰᠡᠭᠦᠯᠴᠢ ᠶ᠋ᠢᠨ ᠦᠶ᠎ᠡ ᠳ᠋ᠦ᠍ ᠥᠷᠭᠡᠨ ᠴᠠᠭᠠᠨ ᠵᠠᠬ᠎ᠠ ᠲᠠᠢ ᠬᠠᠷ᠎ᠠ ᠥᠮᠥᠳᠥᠨ ᠦ᠌ ᠪᠡᠨ ᠰᠢᠷᠬᠤᠨᠠᠭ ᠢ᠋ ᠵᠣᠮᠪᠣᠢᠲᠠᠯ᠎ᠠ ᠪᠣᠭᠣᠭᠰᠠᠨ ᠭᠦᠵᠡᠭᠡᠨ ᠠᠯᠴᠢᠭᠤᠷᠲᠤ ᠣᠷᠣᠵᠤ ᠢᠷᠡᠭᠰᠡᠨ ᠢ᠋ ᠬᠥᠮᠦᠰ《ᠴᠠᠭᠠᠨ ᠠᠯᠴᠢᠭᠤᠷᠲᠤ》 ᠴᠡᠷᠢᠭ ᠭᠡᠵᠦ ᠨᠡᠷᠡᠯᠡᠳᠡᠭ ᠦᠭᠡᠢ ᠨᠢ ᠪᠠᠰᠠ ᠰᠣᠨᠢᠨ! ᠬᠠᠷᠢᠨ《ᠬᠠᠷ᠎ᠠ ᠴᠡᠷᠢᠭ》 ᠭᠡᠵᠦ ᠨᠡᠷᠡᠯᠡᠭᠰᠡᠨ ᠨᠢ ᠪᠣᠳᠣᠬᠤ ᠳ᠋ᠤ᠌ ᠴᠠᠭᠠᠨ᠎ᠠ ᠪᠠᠨ ᠤᠬᠠᠭᠠᠨ ᠲᠠᠢ ᠪᠠᠢᠭᠰᠠᠨ ᠪᠢᠵᠡ᠃ ᠲᠡᠭᠡᠭᠡᠳ ᠪᠠᠰᠠ ᠥᠷᠭᠡᠨ ᠭᠤᠶᠠᠪᠴᠢ᠂ ᠰᠢᠷᠢᠨ ᠱᠠᠬᠠᠢ᠂ ᠰᠢᠷ᠎ᠠ ᠬᠦᠷᠮᠡᠲᠦ ᠴᠡᠷᠢᠭ ᠨᠤᠲᠤᠭ ᠳᠠᠭᠠᠷᠢᠭᠰᠠᠨ ᠳ᠋ᠤ᠌ ᠬᠥᠮᠦᠰ ᠲᠡᠭᠦᠨ ᠢ᠋《ᠰᠢᠷ᠎ᠠ ᠴᠡᠷᠢᠭ》 ᠭᠡᠳᠡᠭ᠃ ᠡᠨᠡ ᠪᠣᠷᠣ ᠰᠠᠭᠠᠷᠠᠯ ᠬᠦᠷᠮ᠎ᠡ ᠲᠡᠢ ᠴᠡᠷᠢᠭ ᠦ᠋ᠳ ᠪᠠᠰᠠ ᠰᠣᠨᠢᠨ! ᠡᠪᠦᠳᠦᠭ ᠡᠴᠡ ᠪᠡᠨ ᠳᠣᠷᠣᠭᠰᠢ ᠲᠠᠬᠢᠮ ᠢ᠋ᠶ᠋ᠠᠨ ᠱᠠᠭᠠᠨᠲᠤ ᠳ᠋ᠠᠭᠠᠨ ᠬᠦᠷᠲᠡᠯ᠎ᠡ ᠶᠠᠭᠵᠠᠢᠲᠠᠯᠠ ᠪᠣᠭᠣᠴᠢᠬᠠᠨᠠ᠃ ᠬᠥᠮᠦᠰ ᠡᠨᠡ ᠴᠡᠷᠢᠭ ᠢ᠋《ᠨᠠᠷᠢᠨ ᠰᠢᠯᠪᠢᠲᠦ ᠪᠣᠷᠣ ᠴᠡᠷᠢᠭ》 ᠭᠡᠳᠡᠭ ᠪᠠᠢᠨ᠎ᠠ᠃
ᠡᠨᠡ ᠬᠣᠷᠸ᠎ᠠ ᠶᠠᠭᠠᠬᠢᠬᠤ ᠳ᠋ᠠᠭᠠᠨ ᠲᠡᠢᠨ ᠳᠠᠵᠢᠨ ᠲᠠᠰᠤᠷᠠᠳᠠᠭ ᠦᠭᠡᠢ᠂ ᠶᠠᠭᠤᠨ ᠤ᠋ ᠰᠢᠷ᠎ᠠ ᠠᠯᠴᠢᠭᠤᠷᠲᠤ᠂ ᠤᠯᠠᠭᠠᠨ ᠮᠠᠯᠠᠭᠠᠢᠲᠤ᠂ ᠬᠠᠷ᠎ᠠ᠂ ᠰᠢᠷ᠎ᠠ ᠴᠡᠷᠢᠭ᠁ ᠪᠠᠰᠠ ᠪᠣᠷᠣ ᠴᠡᠷᠢᠭ ᠦ᠋ᠳ ᠭᠡᠳ ᠴᠥᠮ ᠬᠣᠭᠣᠷᠣᠨᠳᠣ ᠪᠠᠨ ᠲᠤᠯᠤᠯᠳᠤᠵᠤ ᠨᠢᠭᠡ ᠨᠢᠭᠡᠨ ᠢ᠋ᠶ᠋ᠡᠨ ᠠᠯᠠᠵᠤ ᠪᠤᠯᠠᠨ ᠬᠣᠨᠵᠢᠳᠠᠭ ᠢ᠋ᠶ᠋ᠠᠷ ᠢ᠋ᠶ᠋ᠠᠨ ᠪᠠᠬ᠎ᠠ ᠪᠠᠨ ᠬᠠᠩᠭᠠᠳᠠᠭ ᠢ᠋ ᠨᠢ ᠪᠦᠦ ᠮᠡᠳᠡ᠃
ᠡᠭᠡᠯ ᠪᠣᠷᠣᠴᠤᠤᠯ ᠡᠨᠡ ᠬᠠᠷ᠎ᠠ ᠰᠢᠷ᠎ᠠ ᠪᠣᠷᠣ ᠶᠠᠩᠵᠤ ᠶ᠋ᠢᠨ ᠪᠣᠯᠭᠠᠨ ᠤ᠋ ᠴᠡᠷᠢᠭ ᠦ᠋ᠨ ᠲᠡᠢᠨ ᠦ᠌ ᠬᠥᠯ ᠳ᠋ᠦ᠍ ᠰᠦᠨᠡᠰᠦ ᠦᠭᠡᠢ ᠲᠥᠭᠡᠷᠢᠬᠦ ᠳ᠋ᠡᠭᠡᠨ ᠤᠬᠠᠭᠠᠨ ᠲᠥᠬᠥᠭᠡ ᠶ᠋ᠢ ᠨᠢ ᠣᠯᠳᠠᠭ ᠦᠭᠡᠢ ᠬᠤᠪᠢ ᠵᠠᠶᠠᠭ᠎ᠠ ᠪᠠᠨ ᠳᠡᠭᠡᠰᠦᠨ ᠳᠥᠷᠦᠭᠡᠨ ᠳ᠋ᠦ᠍ ᠳᠡᠭᠦᠵᠢᠩᠨᠡᠵᠦ ᠳᠠᠩ ᠳ᠋ᠤᠩ ᠶᠠᠪᠤᠨ᠎ᠠ᠁
ᠰᠣᠨᠣᠰᠬᠤᠯ᠎ᠠ ᠡᠨᠡ ᠪᠣᠷᠣ ᠴᠡᠷᠢᠭ ᠦ᠋ᠳ ᠪᠣᠷᠣᠲᠣᠬᠣᠢ ᠶ᠋ᠢᠨ ᠬᠠᠷ᠎ᠠ ᠴᠡᠷᠢᠭ ᠦ᠋ᠳ ᠲᠡᠢ ᠬᠦᠴᠦᠨ ᠬᠠᠮᠰᠠᠵᠤ ᠰᠢᠷ᠎ᠠ ᠴᠡᠷᠢᠭ ᠢ᠋ ᠰᠢᠪᠬᠠᠷᠠᠵᠤ ᠳᠠᠭᠠᠷᠢᠭᠰᠠᠨ ᠠ᠋ᠴᠠ ᠰᠢᠷ᠎ᠠ ᠴᠡᠷᠢᠭ ᠦ᠋ᠨ ᠣᠮᠣᠭ ᠰᠦᠷ ᠨᠢ ᠪᠠᠭᠤᠷᠠᠵᠤ᠂ ᠬᠦᠴᠦᠨ ᠨᠢ ᠰᠢᠮᠠᠷᠠᠭᠠᠳ ᠨᠢᠭᠡᠬᠡᠨ ᠰᠥᠨᠢ ᠶ᠋ᠢᠨ ᠬᠣᠭᠣᠷᠣᠨᠳᠣ ᠪᠠᠷ᠎ᠠ ᠰᠤᠷᠠᠭ ᠦᠭᠡᠢ ᠪᠣᠯᠪᠠ ᠭᠡᠨ᠎ᠡ᠃
ᠤᠯᠠᠭᠠᠨ ᠨᠣᠬᠠᠢ ᠵᠢᠯ ᠦ᠋ᠨ ᠵᠤᠨ ᠤ᠋ ᠰᠡᠭᠦᠯᠴᠢ ᠪᠡᠷ ᠯᠠ ᠶᠤᠮᠰᠠᠨ᠃
ᠬᠠᠷᠭᠤᠨ᠎ᠠ ᠬᠠᠨ ᠤ᠋ ᠡᠩᠭᠡᠷ᠂ ᠮᠤᠨᠠ ᠠᠭᠤᠯᠠ ᠶ᠋ᠢᠨ ᠵᠡᠭᠦᠨ ᠠᠮᠠ᠂ ᠬᠠᠳᠤᠮᠠᠯ ᠠ᠋ᠴᠠ ᠵᠡᠭᠦᠨᠰᠢ ᠪᠡᠨ ᠪᠤᠭᠤᠲᠤ ᠶ᠋ᠢᠨ ᠣᠷᠴᠢᠮ ᠪᠣᠷᠣ ᠴᠡᠷᠢᠭ ᠦ᠋ᠳ ᠪᠤᠵᠢᠭᠢᠨᠠᠵᠤ ᠡᠬᠢᠯᠡᠪᠡ᠃ ᠪᠤᠭᠤᠲᠤ ᠳ᠋ᠠᠬᠢ ᠬᠠᠷ᠎ᠠ ᠴᠡᠷᠢᠭ ᠦ᠋ᠳ ᠡᠮᠦᠨ᠎ᠡ ᠡᠴᠡ ᠨᠢ ᠳᠠᠩᠴᠤ ᠨᠢᠭᠡ ᠲᠤᠯᠵᠤ ᠳᠡᠢᠯᠬᠦ ᠦᠭᠡᠢ ᠪᠡᠨ ᠪᠠᠷᠤᠭᠯᠠᠵᠤ ᠪᠠᠰᠠ ᠯᠠ ᠪᠣᠷᠣᠲᠣᠬᠣᠢ ᠤᠷᠤᠭᠤ ᠵᠢᠭᠤᠲᠠᠬᠤ ᠳ᠋ᠠᠭᠠᠨ ᠪᠥᠭᠰᠡᠨ ᠬᠣᠢᠨ᠎ᠠ ᠠ᠋ᠴᠠ ᠪᠠᠨ ᠭᠠᠯᠯᠠᠭᠤᠯᠬᠤ ᠠ᠋ᠴᠠ ᠠᠶᠤᠵᠤ᠂ ᠪᠠᠷᠠᠭᠤᠨ ᠬᠦᠩ ᠦ᠋ᠨ ᠴᠡᠷᠢᠭ ᠲᠦ᠍ ᠵᠠᠷᠯᠢᠭ ᠥᠭᠴᠦ《ᠪᠠᠷᠠᠭᠤᠨᠰᠢ ᠴᠥᠮᠥᠷᠡᠬᠦ ᠪᠣᠷᠣ ᠴᠡᠷᠢᠭ ᠦ᠋ᠨ ᠡᠮᠦᠨ᠎ᠡ ᠡᠴᠡ<ᠴᠢᠩᠭᠢᠰ ᠦ᠋ᠨ ᠬᠦᠴᠦᠲᠦ ᠵᠣᠷᠢᠭ ᠢ᠋ᠶ᠋ᠠᠷ ᠲᠤᠯᠤᠨ ᠪᠠᠢᠯᠳᠤᠭᠠᠷᠠᠢ!> ᠭᠡᠵᠦ ᠮᠠᠯᠠᠭᠠᠢᠳᠠᠭᠰᠠᠨ ᠪᠠᠢᠪᠠ᠃ ᠡᠨᠡ ᠬᠠᠲᠠᠭᠤ ᠵᠠᠷᠯᠢᠭ ᠴᠣᠭᠪᠠᠭᠠᠲᠤᠷ ᠤ᠋ᠨ ᠲᠣᠯᠣᠭᠠᠢ ᠳᠡᠭᠡᠷ᠎ᠡ ᠲᠤᠯᠵᠤ ᠢᠷᠡᠪᠡ᠃
《ᠵᠠ᠂ ᠡᠨᠡ ᠴᠦ᠍ ᠨᠢᠭᠡ ᠠᠶᠤᠯ ᠶᠤᠮ ᠳᠠ! ᠬᠠᠲᠠᠭᠤ ᠨᠢ ᠴᠦ᠍ ᠬᠠᠲᠠᠭᠤ ᠨᠠᠭᠠᠳᠤᠮ ᠪᠣᠯᠪᠠᠴᠤ ᠬᠠᠯᠲᠤᠰᠬᠢᠪᠡᠯ ᠬᠦᠨᠡᠰᠦᠨ ᠦ᠌ ᠰᠠᠪᠠ ᠪᠠᠨ ᠭᠡᠭᠡᠵᠦ᠂ ᠳᠣᠯᠣᠭᠠᠨ ᠰᠦᠪᠡ ᠲᠡᠢ ᠪᠥᠨᠲᠥᠭᠡᠷ ᠢ᠋ᠶ᠋ᠡᠨ ᠤᠨᠠᠭᠠᠬᠤ ᠠᠶᠤᠯ ᠲᠠᠢ᠃ ᠮᠤᠰᠢᠭᠠᠢ ᠨᠢ ᠲᠠᠭᠠᠷᠠᠪᠠᠯ ᠴᠦ᠍ ᠪᠠᠰᠠ ᠬᠡᠢ ᠮᠣᠷᠢ ᠮᠠᠨᠳᠤᠵᠤ᠂ ᠬᠡᠨ ᠡᠴᠡ ᠴᠦ᠍ ᠳᠡᠭᠡᠭᠦᠷ ᠰᠡᠭᠰᠡᠯᠵᠡᠬᠦ ᠠᠵᠠ ᠵᠠᠪᠰᠢᠶᠠᠨ!》 ᠭᠡᠵᠦ ᠴᠣᠭᠪᠠᠭᠠᠲᠤᠷ ᠪᠣᠳᠣᠭᠠᠳ ᠬᠡᠰᠢᠭᠲᠡᠢ ᠶ᠋ᠢ ᠵᠠᠷᠯᠢᠭᠳᠠᠨ ᠪᠤᠭᠤᠲᠤ ᠶ᠋ᠢᠨ ᠠᠷᠤ ᠪᠠᠷ ᠰᠤᠨᠳᠠᠯᠠᠵᠤ ᠰᠢᠭᠤᠢᠲᠤ ᠶ᠋ᠢᠨ ᠠᠮᠠ ᠶ᠋ᠢ ᠰᠠᠬᠢᠨ ᠪᠣᠷᠣ ᠴᠡᠷᠢᠭ ᠦ᠋ᠨ ᠪᠠᠷᠠᠭᠤᠨᠰᠢᠯᠠᠬᠤ ᠶ᠋ᠢ ᠲᠤᠯᠤᠭᠠᠷᠠᠢ! ᠭᠡᠵᠦ ᠲᠤᠰᠢᠶᠠᠪᠠ᠃《ᠪᠠᠭ᠎ᠠ ᠬᠠᠲᠤᠨ ᠤ᠋ ᠪᠠᠬᠠᠳᠤᠯ ᠢ᠋ ᠣᠯᠵᠤ ᠯᠢᠶᠠᠨᠵᠠᠩ ᠤ᠋ᠨ ᠲᠤᠰᠢᠶᠠᠯ ᠢ᠋ ᠬᠤᠷᠤᠭᠤ ᠢᠨᠴᠢᠳᠬᠦ ᠰᠢᠭ ᠠᠮᠠᠷᠬᠠᠨ ᠠᠪᠴᠢᠬᠠᠳᠠᠭ ᠮᠥᠨ ᠴᠦ᠍ ᠠᠵᠠ ᠲᠠᠢ ᠡᠷ᠎ᠡ ᠶᠦᠮ ᠳᠡ! ᠣᠳᠣ ᠡᠷ᠎ᠡ ᠰᠢᠨᠳᠠᠰᠤ ᠶ᠋ᠢ ᠴᠢᠨᠢ ᠰᠣᠷᠢᠳᠠᠭ ᠴᠠᠭ ᠪᠣᠯᠤᠭᠰᠠᠨ᠃ ᠭᠡᠳᠡᠢᠵᠦ ᠵᠣᠭᠰᠣᠴᠢᠬᠠᠭᠠᠳ ᠰᠢᠭᠡᠳᠡᠭ ᠡᠷ᠎ᠡ ᠤᠤ? ᠶᠠᠪᠠᠭᠠᠨ ᠰᠠᠭᠤᠴᠢᠬᠠᠭᠠᠳ ᠠᠯᠴᠠᠢᠵᠤ ᠰᠢᠭᠡᠳᠡᠭ ᠡᠮ᠎ᠡ ᠤᠤ? ᠭᠡᠳᠡᠭ ᠢ᠋ᠶ᠋ᠡᠨ ᠨᠢᠭᠡ ᠦᠵᠡᠭᠦᠯᠦᠨ᠎ᠡ ᠪᠢᠵᠡ !》 ᠭᠡᠵᠦ ᠬᠡᠰᠢᠭᠲᠡᠢ ᠶ᠋ᠢ ᠬᠣᠷᠣ ᠰᠠᠨᠠᠵᠤ ᠲᠡᠩᠰᠡᠬᠦ ᠪᠡᠷ ᠪᠣᠯᠪᠠ᠃ ᠲᠡᠭᠡᠭᠡᠳ ᠥᠪᠡᠷ ᠢ᠋ᠶ᠋ᠡᠨ ᠰᠢᠯᠢᠳᠡᠭ ᠴᠡᠷᠢᠭ ᠢ᠋ᠶ᠋ᠡᠨ ᠰᠣᠩᠭᠣᠵᠤ ᠪᠤᠭᠤᠲᠤ ᠶ᠋ᠢᠨ ᠡᠮᠦᠨᠡᠭᠦᠷ ᠤᠯᠠᠭᠠᠨ ᠬᠠᠲᠤᠨ ᠤ᠋ ᠬᠥᠪᠡᠭᠡ ᠪᠠᠷᠢᠨ ᠰᠠᠯᠴᠢᠨ ᠤ᠋ ᠣᠯᠣᠮ ᠢ᠋ ᠰᠠᠬᠢᠬᠤ ᠪᠣᠯᠵᠤ᠂ ᠨᠥᠭᠦᠭᠡ ᠴᠡᠴᠡᠨ ᠫᠤᠤᠴᠢ ᠸᠠᠴᠢᠷᠪᠠᠲᠤ ᠪᠠᠷ ᠬᠣᠰᠢᠭᠤ ᠬᠦᠩ ᠦ᠋ᠨ ᠶᠠᠮᠤᠨ᠂ ᠪᠠᠭ᠎ᠠ ᠬᠠᠲᠤᠨ ᠤ᠋ ᠠᠮᠤᠷ ᠢ᠋ ᠬᠠᠮᠠᠭᠠᠯᠠᠭᠤᠯᠬᠤ ᠪᠠᠷ ᠬᠣᠴᠣᠷᠭᠠᠪᠠ᠃
ᠠᠨᠴᠢᠨᠵᠠᠪ ᠠᠭᠤᠯᠠ ᠶ᠋ᠢᠨ ᠠᠷᠤ ᠳ᠋ᠠᠬᠢ ᠤᠯᠠᠭᠠᠨ ᠡᠷᠭᠢ ᠭᠡᠳᠡᠭ ᠭᠠᠵᠠᠷ ᠲᠤ ᠴᠣᠭᠪᠠᠭᠠᠲᠤᠷ ᠤ᠋ᠨ ᠡᠨᠡ ᠬᠦ᠌ ᠵᠠᠷᠯᠢᠭ ᠢ᠋ ᠬᠦᠯᠢᠶᠡᠵᠦ ᠠᠪᠤᠨ ᠶᠠᠭᠤ ᠴᠦ᠍ ᠭᠡᠰᠡᠨ ᠴᠡᠷᠢᠭ ᠦ᠋ᠨ ᠬᠠᠲᠠᠭᠤ ᠵᠠᠷᠯᠢᠭ ᠪᠣᠯᠬᠣᠷ ᠲᠡᠷᠡ ᠰᠥᠨᠢ ᠳ᠋ᠡᠭᠡᠨ ᠴᠡᠷᠢᠭ ᠮᠣᠷᠢ ᠪᠠᠨ ᠠᠪᠴᠤ ᠬᠥᠳᠡᠯᠪᠡ᠃
ᠠᠨᠴᠢᠨᠵᠠᠪ ᠲᠡᠮᠦᠷᠰᠦ᠋ᠬᠡ ᠲᠡᠢ ᠬᠣᠶᠠᠭᠤᠯᠠ ᠠᠭᠤᠯᠠ ᠶ᠋ᠢᠨ ᠠᠷᠤ ᠳ᠋ᠤ᠌ ᠳᠡᠭᠡᠷᠡᠮ ᠲᠣᠨᠣᠭ᠎ᠠ ᠬᠢᠭᠰᠡᠨ ᠬᠠᠷ᠎ᠠ ᠨᠢᠳᠦᠲᠦ ᠶ᠋ᠢ ᠴᠠᠭᠠᠰᠢ ᠨᠢ ᠬᠠᠨᠳᠤᠭᠤᠯᠴᠢᠬᠠᠭᠠᠳ ᠨᠡᠯᠢᠶᠡᠳ ᠴᠡᠷᠢᠭ ᠮᠣᠷᠢ ᠴᠤᠭᠯᠠᠭᠤᠯᠤᠨ ᠶᠠᠪᠤᠵᠤ ᠪᠠᠭ᠎ᠠ ᠬᠠᠲᠤᠨ ᠤ᠋ ᠴᠡᠷᠢᠭ ᠲᠦ᠍ ᠣᠷᠣᠪᠠ᠃ ᠪᠠᠭ᠎ᠠ ᠬᠠᠲᠤᠨ ᠰᠧᠯᠢᠩ ᠠᠩᠴᠢᠨᠵᠠᠪ ᠤ᠋ᠨ ᠬᠦᠷᠴᠦ ᠢᠷᠡᠭᠰᠡᠨ ᠳ᠋ᠦ᠍ ᠪᠠᠶᠠᠷᠯᠠᠭᠰᠠᠨ ᠢ᠋ ᠶᠠᠭᠤᠨ ᠥᠭᠦᠯᠡᠬᠦ᠃
ᠪᠠᠭ᠎ᠠ ᠬᠠᠲᠤᠨ ᠠᠩᠴᠢᠨᠵᠠᠪ ᠢ᠋ ᠪᠠᠢᠩᠭᠤ ᠳᠡᠷᠭᠡᠳᠡ ᠪᠡᠨ ᠪᠠᠢᠯᠭᠠᠵᠤ ᠪᠡᠶ᠎ᠡ ᠳ᠋ᠡᠭᠡᠨ ᠬᠠᠨᠢ ᠲᠠᠲᠠᠬᠤ ᠶ᠋ᠢᠨ ᠰᠢᠯᠲᠠᠭ ᠢ᠋ᠶ᠋ᠠᠷ ᠥᠷᠥᠭᠡᠯ ᠦ᠋ᠨ ᠨᠢᠳᠦ ᠰᠡᠳᠬᠢᠯ ᠢ᠋ ᠬᠠᠭᠤᠷᠬᠤ ᠠᠷᠭ᠎ᠠ ᠠᠪᠴᠤ《 ᠬᠡᠰᠢᠭᠲᠡᠢ》 ᠭᠡᠰᠡᠨ ᠨᠡᠷ᠎ᠡ ᠪᠡᠷ ᠪᠠᠷᠠᠭᠤᠨ ᠬᠦᠩ ᠦ᠋ᠨ ᠶᠠᠮᠤᠨ ᠤ᠋ ᠠᠮᠤᠷ ᠢ᠋ ᠬᠠᠮᠠᠭᠠᠯᠠᠬᠤ ᠴᠡᠷᠢᠭ ᠦ᠋ᠨ ᠲᠤᠸᠠᠨᠵᠠᠩ ᠤ᠋ᠨ ᠲᠤᠰᠢᠶᠠᠯ ᠳ᠋ᠤ᠌ ᠲᠣᠮᠢᠯᠠᠵᠤ ᠬᠡᠰᠡᠭ ᠴᠡᠷᠢᠭ ᠵᠠᠬᠢᠷᠤᠭᠤᠯᠤᠨ ᠪᠠᠷᠠᠭᠤᠨ ᠬᠦᠩ ᠦ᠋ᠨ ᠪᠠᠷᠠᠭᠤᠨ ᠬᠣᠢᠲᠤ ᠠᠷᠤ ᠶ᠋ᠢᠨ ᠤᠯᠠᠭᠠᠨ ᠡᠷᠭᠢ ᠶ᠋ᠢ ᠰᠠᠬᠢᠭᠤᠯᠪᠠ᠃
ᠮᠠᠷᠭᠠᠲᠤᠷ ᠲᠤᠨᠢ ᠠᠩᠴᠢᠨᠵᠠᠪ ᠴᠣᠭᠪᠠᠭᠠᠲᠤᠷ ᠲᠤᠸᠠᠨᠵᠠᠩ ᠲᠠᠢ ᠠᠭᠤᠯᠵᠠᠵᠤ ᠴᠡᠷᠢᠭ ᠮᠣᠷᠢᠨ ᠤ᠋ ᠪᠠᠨ ᠪᠠᠢᠳᠠᠯ ᠢ᠋ ᠲᠤᠰᠬᠠᠨ ᠭᠠᠷ ᠬᠣᠭᠣᠰᠣᠨ ᠢ᠋ᠶ᠋ᠠᠷ ᠶᠠᠭᠠᠬᠢᠵᠤ ᠪᠠᠢᠯᠳᠤᠨ᠎ᠠ ᠪᠣᠢ ᠭᠡᠵᠦ ᠬᠣᠰᠢᠭᠤ ᠶᠠᠮᠤᠨ ᠤ᠋ ᠴᠡᠷᠢᠭ ᠦ᠋ᠨ ᠣᠲ᠋ᠷᠢᠶᠠᠳ᠋ ᠠ᠋ᠴᠠ ᠰᠤᠮᠤ ᠳᠠᠷᠢ ᠵᠡᠷᠭᠡ ᠶᠠᠭᠤᠮᠠᠰ ᠢ᠋ ᠭᠤᠶᠤᠴᠢᠯᠠᠭᠰᠠᠨ ᠳ᠋ᠤ᠌ ᠴᠣᠭᠪᠠᠭᠠᠲᠤᠷ《ᠴᠢ ᠠᠩᠭᠠᠢᠵᠤ ᠢᠳᠡᠭᠡᠳ ᠲᠠᠩᠬᠠᠢᠭᠠᠳ ᠬᠡᠪᠲᠡᠵᠦ ᠪᠠᠢ᠂ ᠪᠢ ᠠᠶᠠᠭᠠᠨ ᠳ᠋ᠤ᠌ ᠴᠢᠨᠢ ᠬᠣᠭᠣᠯᠠ ᠬᠢᠴᠢᠬᠡᠭᠡᠳ ᠬᠠᠯᠪᠠᠭ᠎ᠠ ᠪᠠᠷ ᠠᠮᠠᠨ ᠳ᠋ᠤ᠌ ᠴᠢᠨᠢ ᠲᠡᠵᠢᠭᠡᠶᠦ! ᠬᠥᠮᠦᠰᠬᠡᠨ ᠳᠣᠣᠷ᠎ᠠ ᠴᠢᠨᠢ ᠳᠠᠢᠰᠤᠨ ᠬᠦᠷᠴᠦ ᠢᠷᠡᠭᠡᠳ ᠲᠣᠭᠣᠨᠣ ᠶ᠋ᠢ ᠴᠢᠨᠢ ᠴᠣᠭᠣᠯᠵᠤ᠂ ᠲᠣᠭᠣᠭ᠎ᠠ ᠶ᠋ᠢ ᠴᠢᠨᠢ ᠴᠥᠮᠥᠯᠦᠨᠡ ᠭᠡᠵᠦ ᠪᠠᠢᠬᠤ ᠳ᠋ᠤ᠌ ᠴᠢ ᠪᠠᠰᠠ ᠶᠠᠭᠤᠨ ᠤ᠋ ᠡᠨᠡ ᠲᠡᠷᠡ ᠭᠡᠬᠦ ᠲᠡᠢ ᠶᠦᠮ⁈ ᠤᠬᠠᠭᠠᠨ ᠳ᠋ᠤ᠌ ᠴᠢᠨᠢ ᠤᠩᠭᠠᠰᠤ ᠤᠷᠭᠤᠭᠰᠠᠨ ᠦᠭᠡᠢ ᠯᠡ ᠶᠦᠮ ᠪᠣᠯ ᠥᠪᠡᠷ ᠢ᠋ᠶ᠋ᠡᠨ ᠠᠷᠭ᠎ᠠ ᠤᠬᠠᠭᠠᠨ ᠰᠦᠪᠡᠯᠡᠵᠦ ᠦᠵᠡᠨ᠎ᠡ ᠪᠢᠵᠡ? ᠵᠦᠭᠡᠷ ᠯᠡ ᠪᠡᠯᠡᠨ ᠪᠤᠳᠠᠭ᠎ᠠ ᠢᠳᠡᠵᠦ ᠦᠬᠦᠭᠰᠡᠨ ᠲᠡᠮᠡᠭᠡ ᠬᠠᠷᠢᠭᠤᠯᠬᠤ ᠶᠤᠮ ᠪᠣᠯ ᠴᠢᠮ᠎ᠠ ᠪᠠᠷ ᠴᠡᠷᠢᠭ ᠨᠣᠶᠠᠯᠠᠭᠤᠯᠵᠤ ᠡᠴᠢᠭᠡ ᠪᠡᠨ ᠬᠢᠬᠦ ᠪᠣᠢ! ᠶᠠᠪᠤ᠂ ᠴᠠᠭᠠᠰᠢ ᠶᠠᠪᠤᠵᠤ ᠴᠥᠮᠥᠷᠡᠵᠦ ᠢᠷᠡᠬᠦ ᠶᠡᠬᠡ ᠴᠡᠷᠢᠭ ᠦ᠋ᠨ ᠡᠮᠦᠨ᠎ᠡ ᠡᠴᠡ ᠨᠥᠬᠥᠴᠡᠯ ᠦᠭᠡᠢ ᠲᠤᠯᠵᠤ ᠪᠠᠢ!》 ᠭᠡᠵᠦ ᠬᠡᠯᠡᠬᠦ ᠳ᠋ᠦ᠍ ᠠᠩᠴᠢᠨᠵᠠᠪ ᠳᠣᠲᠣᠷ᠎ᠠ ᠪᠠᠨ《ᠡᠢᠨ ᠬᠦ᠌ ᠭᠠᠷ ᠬᠣᠭᠣᠰᠣᠨ ᠭᠠᠨᠵᠤᠭ᠎ᠠ ᠰᠤᠯᠠ ᠬᠥᠮᠦᠰ ᠶᠠᠭᠠᠬᠢᠵᠤ ᠴᠦ᠍ ᠁》 ᠭᠡᠵᠦ ᠲᠡᠭᠡᠨᠡᠭᠡᠯᠵᠡᠨ ᠴᠣᠭᠪᠠᠭᠠᠲᠤᠷ ᠤ᠋ᠨ ᠬᠠᠲᠠᠭᠤ ᠵᠠᠷᠯᠢᠭ ᠲᠣᠭᠰᠢᠨ ᠴᠢᠷᠠᠢ ᠶ᠋ᠢᠨ ᠡᠮᠦᠨ᠎ᠡ ᠪᠡᠶ᠎ᠡ ᠪᠡᠨ ᠬᠣᠷᠢᠵᠤ ᠵᠣᠭᠰᠣᠲᠠᠯ᠎ᠠ《ᠴᠡᠷᠢᠭ ᠦ᠋ᠨ ᠵᠠᠷᠯᠢᠭ ᠢ᠋ ᠳᠠᠭᠠᠬᠤ ᠤᠤ? ᠪᠠᠢᠨ᠎ᠠ ᠤᠤ? ᠡᠭᠦᠷᠭᠡ ᠪᠡᠶᠡᠯᠡᠭᠦᠯᠵᠦ ᠳᠡᠢᠯᠬᠦ ᠦᠭᠡᠢ ᠪᠣᠯ ᠡᠷᠲᠡᠬᠡᠨ ᠦᠭᠡ ᠪᠡᠨ ᠬᠡᠯᠡ! ᠴᠢᠨᠦ ᠣᠷᠣᠨ ᠳ᠋ᠤ᠌ ᠳᠠᠢᠰᠤᠨ ᠤ᠋ ᠡᠮᠦᠨ᠎ᠡ ᠡᠴᠡ ᠭᠠᠯᠵᠠᠭᠤ ᠪᠤᠤᠷ᠎ᠠ ᠰᠢᠭ᠋ ᠰᠢᠷᠦᠭᠦᠨ ᠣᠷᠣᠳᠠᠭ ᠮᠣᠩᠭᠣᠯ ᠡᠷ᠎ᠡ ᠪᠠᠢᠬᠤ ᠯᠠ ᠪᠤᠶᠠᠨ! ᠬᠢᠬᠦ ᠳᠤᠷ᠎ᠠ ᠦᠭᠡᠢ ᠪᠣᠯ ᠠᠬᠤᠷ ᠫᠤᠤ᠂ ᠮᠣᠷᠢ ᠬᠣᠶᠠᠷ ᠢ᠋ᠶ᠋ᠠᠨ ᠣᠷᠬᠢᠵᠤ ᠶᠣᠳᠠᠷ ᠵᠠᠢᠳᠠᠯᠠᠭᠠᠳ ᠴᠠᠭᠠᠰᠢ ᠲᠣᠨᠢᠯ!》 ᠭᠡᠵᠦ ᠬᠡᠭᠵᠢᠭᠦᠨ ᠵᠠᠩᠨᠠᠭᠰᠠᠨ ᠢ᠋ ᠠᠩᠴᠢᠨᠵᠠᠪ ᠰᠣᠨᠣᠰᠬᠤ ᠰᠠᠨᠠᠭ᠎ᠠ ᠦᠭᠡᠢ ᠪᠣᠯᠪᠠᠴᠤ《ᠵᠠ᠂ ᠪᠡᠶᠡᠯᠡᠭᠦᠯᠦᠶ᠎ᠡ》 ᠭᠡᠳ ᠶᠠᠪᠤᠵᠤ ᠣᠳᠪᠠ᠃
ᠠᠩᠴᠢᠨᠵᠠᠪ ᠲᠡᠨᠳᠡ ᠡᠴᠡ ᠭᠠᠷᠴᠤ《ᠡᠷᠬᠡ ᠰᠦᠷ᠂ ᠡᠳ᠋ ᠮᠥᠩᠭᠥ᠂ ᠡᠮ᠎ᠡ ᠠᠪᠠᠬᠠᠢ》 ᠭᠤᠷᠪᠠ ᠠ᠋ᠴᠠ ᠥᠭᠡᠷ᠎ᠡ ᠶᠠᠭᠤᠮ᠎ᠠ ᠣᠯᠵᠤ ᠦᠵᠡᠳᠡᠭ ᠦᠭᠡᠢ ᠭᠠᠷᠠᠬᠠᠨ ᠨᠢᠳᠦᠲᠡᠢ ᠴᠣᠭᠪᠠᠭᠠᠲᠤᠷ ᠤ᠋ᠨ ᠡᠮᠦᠨ᠎ᠡ ᠡᠴᠡ ᠶᠠᠭᠤ ᠭᠡᠵᠦ ᠬᠡᠯᠡᠯᠲᠡᠢ ᠪᠢᠯᠡ? ᠴᠡᠷᠢᠭ ᠨᠣᠶᠠᠯᠠᠬᠤ ᠪᠠᠢᠷᠢ ᠰᠠᠭᠤᠷᠢ ᠪᠠᠷ ᠢ᠋ᠶ᠋ᠠᠨ ᠲᠡᠭᠦᠨ ᠦ᠌ ᠳᠣᠣᠷ᠎ᠠ ᠪᠠᠢᠳᠠᠭ ᠲᠠᠭᠠᠨ ᠠᠷᠭ᠎ᠠ ᠦᠭᠡᠢ᠃ ᠭᠡᠪᠡᠴᠦ ᠲᠡᠷᠡ ᠴᠡᠷᠢᠭ ᠬᠥᠮᠦᠨ ᠦ᠌ ᠶᠣᠰᠣᠭᠠᠷ ᠴᠡᠷᠢᠭ ᠦ᠋ᠨ ᠬᠠᠲᠠᠭᠤ ᠵᠠᠷᠯᠢᠭ ᠲᠤ ᠡᠪᠦᠳᠦᠭ ᠨᠤᠭᠤᠷᠠᠭᠰᠠᠨ ᠠ᠋ᠴᠠ ᠪᠢᠰᠢ ᠴᠣᠭᠪᠠᠭᠠᠲᠤᠷ ᠤ᠋ᠨ ᠬᠤᠪᠢ ᠪᠡᠶ᠎ᠡ ᠳ᠋ᠦ᠍ᠨᠢ ᠲᠣᠯᠣᠭᠠᠢ ᠮᠡᠬᠦᠢᠭᠡ ᠦᠭᠡᠢ᠃ ᠲᠡᠷᠡ ᠪᠡᠷ ᠴᠡᠷᠢᠭ ᠦ᠋ᠨ ᠬᠠᠲᠠᠭᠤ ᠰᠤᠷᠭᠠᠭᠤᠯᠢᠯᠠᠯ ᠲᠠᠢ ᠫᠤᠤ ᠵᠡᠪᠰᠡᠭ᠂ ᠮᠣᠷᠢ ᠤᠨᠤᠭᠠᠨ ᠳ᠋ᠠᠭᠠᠨ ᠰᠢᠯᠭᠠᠷᠠᠭᠰᠠᠨ ᠬᠠᠲᠠᠭᠤ ᠡᠷ᠎ᠡ ᠲᠤᠯᠠ ᠨᠢᠭᠡ ᠳ᠋ᠦ᠍᠂ ᠪᠠᠭ᠎ᠠ ᠬᠠᠲᠤᠨ ᠰᠧᠯᠢᠩ ᠦ᠋ᠨ ᠡᠮᠦᠨ᠎ᠡ ᠡᠴᠡ ᠴᠡᠷᠢᠭ ᠲᠥᠷᠥ ᠶ᠋ᠢᠨ ᠬᠠᠲᠠᠭᠤ ᠶᠣᠰᠣᠨ ᠳ᠋ᠤ᠌ ᠬᠤᠭᠤᠷᠠᠬᠤ ᠠ᠋ᠴᠠ ᠪᠢᠰᠢ ᠨᠤᠭᠤᠷᠠᠬᠤ ᠦᠭᠡᠢ᠂ ᠬᠡᠯᠡᠪᠡᠯ ᠦᠭᠡ᠂ ᠭᠢᠰᠬᠢᠪᠡᠯ ᠭᠠᠵᠠᠷ ᠭᠡᠵᠦ ᠶᠠᠪᠤᠬᠤ ᠶᠣᠰᠣᠲᠠᠢ᠃ ᠬᠣᠶᠠᠷ ᠲᠤ᠂ ᠠᠨᠳᠠ᠂ ᠠᠬ᠎ᠠ ᠳᠡᠭᠦᠦ ᠶ᠋ᠢᠨ ᠵᠢᠷᠤᠮ ᠤ᠋ᠨ ᠲᠥᠯᠥᠭᠡ ᠶᠠᠭᠤᠨ ᠠ᠋ᠴᠠ ᠴᠦ᠍ ᠪᠤᠴᠠᠬᠤ ᠦᠭᠡᠢ᠃ ᠳᠠᠬᠢᠪᠠᠯ ᠮᠣᠩᠭᠣᠯ ᠨᠤᠲᠤᠭ ᠪᠠ ᠡᠵᠢ ᠬᠣᠶᠠᠷ ᠢ᠋ᠶ᠋ᠠᠨ ᠠᠮᠢ ᠲᠠᠢ ᠪᠠᠨ ᠬᠣᠯᠪᠣᠵᠤ ᠠᠨᠳᠠᠭᠠᠢᠯᠠᠨ ᠶᠠᠪᠤᠳᠠᠭ ᠵᠣᠷᠢᠭᠲᠤ ᠮᠣᠩᠭᠣᠯ ᠡᠷ᠎ᠡ ᠶ᠋ᠢᠨ ᠨᠢᠭᠡ ᠭᠡᠵᠦ ᠪᠡᠶ᠎ᠡ ᠪᠡᠨ ᠢᠲᠡᠭᠡᠳᠡᠭ ᠠᠵᠢ᠃
ᠠᠩᠴᠢᠨᠵᠠᠪ ᠴᠣᠭᠪᠠᠭᠠᠲᠤᠷ ᠤ᠋ᠨ ᠡᠨᠡ ᠬᠦ᠌ ᠵᠣᠷᠢᠭᠤᠳᠠ ᠲᠡᠭᠦᠨ ᠳ᠋ᠦ᠍ ᠭᠠᠴᠢᠯᠠᠩ ᠠᠮᠰᠠᠭᠤᠯᠤᠭᠰᠠᠨ ᠴᠡᠷᠢᠭ ᠦ᠋ᠨ ᠵᠠᠷᠯᠢᠭ ᠢ᠋ ᠦᠭᠡ ᠳᠠᠭᠤᠨ ᠦᠭᠡᠢ ᠬᠦᠯᠢᠶᠡᠬᠦ ᠯᠡ ᠬᠡᠷᠡᠭᠲᠡᠢ᠃ ᠲᠡᠭᠦᠨ ᠲᠡᠢ ᠨᠢᠭᠤᠷᠳᠠᠨ ᠥᠰᠢᠯᠳᠦᠵᠦ ᠳᠡᠭᠡᠷ᠎ᠡ ᠳᠣᠣᠷ᠎ᠠ ᠪᠠᠨ ᠭᠠᠷᠤᠨ᠎ᠠ ᠭᠡᠭᠴᠢ ᠡᠨᠡ ᠬᠣᠷᠸ᠎ᠠ ᠳ᠋ᠤ᠌ ᠪᠠᠢᠳᠠᠭ ᠦᠭᠡᠢ ᠶᠣᠰᠣ᠃ ᠲᠡᠷᠡ ᠮᠥᠷᠲᠡᠭᠡᠨ ᠥᠪᠡᠷ ᠢ᠋ᠶ᠋ᠡᠨ ᠨᠡᠷ᠎ᠡ ᠪᠤᠷᠤᠭᠤᠯᠠᠵᠤ ᠶᠠᠪᠤᠭ᠎ᠠ ᠬᠤᠪᠢ ᠲᠠᠪᠢᠯᠠᠩ ᠲᠠᠢ ᠭᠡᠳᠡᠭ ᠢ᠋ᠶ᠋ᠡᠨ ᠰᠠᠢᠨ ᠮᠡᠳᠡᠬᠦ ᠲᠤᠯᠠ《ᠴᠢ ᠬᠡᠯᠡᠳᠡᠭ ᠢ᠋ᠶ᠋ᠡᠨ ᠬᠡᠯᠡ᠂ ᠪᠢ ᠬᠢᠳᠡᠭ ᠢ᠋ᠶ᠋ᠡᠨ ᠬᠢᠶ᠎ᠡ》 ᠭᠡᠵᠦ ᠴᠡᠷᠢᠭ ᠢ᠋ᠶ᠋ᠡᠨ ᠳᠠᠢᠴᠢᠯᠠᠨ ᠵᠡᠭᠦᠨᠰᠢᠯᠡᠪᠡ᠃
ᠲᠠᠷᠭᠤ ᠬᠦᠴᠦ᠂ ᠲᠠᠷ ᠲᠡᠩᠬᠡᠭᠡ ᠪᠡᠷ ᠬᠢᠷᠢᠲᠡᠢᠬᠡᠨ ᠲᠡᠩᠴᠡᠭᠰᠡᠨ ᠵᠠᠭᠤᠭᠠᠳ ᠮᠣᠷᠢᠲᠠᠳ ᠠᠩᠴᠢᠨᠵᠠᠪ ᠤ᠋ᠨ ᠳᠠᠢᠴᠢᠯᠠᠯ ᠢ᠋ᠶ᠋ᠠᠷ ᠬᠠᠳᠤᠮᠠᠯ ᠤ᠋ᠨ ᠠᠮᠠ ᠠ᠋ᠴᠠ ᠵᠡᠭᠦᠨᠰᠢ ᠠᠭᠤᠯᠠ ᠶ᠋ᠢᠨ ᠡᠩᠭᠡᠷ ᠢ᠋ᠶ᠋ᠡᠷ ᠬᠠᠯᠬᠠᠪᠴᠢ ᠪᠠᠷᠢᠨ ᠪᠦᠯᠦᠭ ᠪᠦᠯᠦᠭ᠂ ᠠᠩᠭᠢ ᠠᠩᠭᠢ ᠪᠠᠷ ᠲᠣᠭᠣᠰᠣ ᠲᠠᠲᠠᠭᠤᠯᠤᠨ ᠴᠤᠪᠤᠷᠠᠨ᠎ᠠ᠁
ᠪᠠᠰᠠ ᠲᠡᠭᠡᠭᠡᠳ ᠬᠡᠰᠡᠭ ᠴᠡᠷᠢᠭ ᠦ᠋ᠳ ᠨᠢ ᠶᠣᠳᠠᠷ ᠤ᠋ᠨ ᠣᠷᠣᠨ ᠳ᠋ᠤ᠌ ᠰᠣᠬᠣᠷ ᠰᠤᠮᠤ ᠴᠦ᠍ ᠦᠭᠡᠢ ᠬᠣᠩᠭᠢᠯᠳᠠᠭ ᠬᠥᠬᠡ ᠲᠡᠮᠦᠷ ᠡᠭᠦᠷᠦᠭᠰᠡᠨ ᠢ᠋ ᠬᠡᠨ ᠮᠡᠳᠡᠬᠦ ᠪᠣᠢ⁈《ᠦᠬᠡᠷ ᠫᠤᠤ᠂ ᠫᠦᠯᠧᠮᠶᠣᠲ ᠲᠠᠢ ᠪᠣᠷᠣ ᠴᠡᠷᠢᠭ ᠦ᠋ᠨ ᠡᠮᠦᠨ᠎ᠡ ᠡᠴᠡ ᠲᠤᠯᠤᠨ᠎ᠠ ᠭᠡᠨ᠎ᠡ ᠰᠢᠦ! ᠡᠨᠡ ᠬᠡᠳᠦᠨ ᠮᠣᠩᠭᠣᠯ ᠡᠷ᠎ᠡ ᠶ᠋ᠢᠨ ᠶᠠᠰᠤ ᠶ᠋ᠢ ᠲᠡᠨᠳᠡ ᠠᠪᠠᠴᠢᠵᠤ ᠵᠥᠪ ᠵᠦᠭᠡᠷ ᠫᠤᠤ ᠶ᠋ᠢᠨ ᠪᠥᠭᠯᠡᠭᠡ ᠪᠣᠯᠭᠠᠬᠤ ᠶ᠋ᠢᠨ ᠨᠡᠮᠡᠷᠢ!》 ᠭᠡᠵᠦ ᠪᠣᠳᠣᠬᠤ ᠳ᠋ᠠᠭᠠᠨ ᠠᠩᠴᠢᠨᠵᠠᠪ ᠤ᠋ᠨ ᠬᠥᠬᠡ ᠢᠨᠢᠶᠡᠳᠦ ᠨᠢ ᠬᠦᠷᠴᠦ᠂ ᠳᠠᠷᠢ ᠤᠲᠤᠭ᠎ᠠ ᠪᠢᠰᠢ ᠮᠣᠷᠢᠨ ᠤ᠋ ᠬᠥᠯᠥᠰᠥᠨ ᠳ᠋ᠦ᠍ ᠳᠡᠪᠲᠦᠭᠰᠡᠨ ᠪᠤᠯᠢᠭᠠᠷᠢ ᠭᠥᠯᠢᠮ ᠦ᠋ᠨ ᠲᠠᠭᠠᠲᠠᠢ ᠦᠨᠦᠷ ᠲᠦ᠍ ᠬᠡᠰᠡᠭ ᠰᠣᠭᠲᠣᠭᠤᠷᠠᠨ ᠭᠠᠯᠭᠢᠭᠤᠯᠤᠨ᠎ᠠ᠃
ᠠᠩᠴᠢᠨᠵᠠᠪ ᠤ᠋ᠨ ᠮᠣᠷᠢᠲᠤ ᠴᠡᠷᠢᠭ ᠦ᠋ᠳ ᠪᠤᠭᠤᠲᠤ ᠠ᠋ᠴᠠ ᠴᠠᠭᠠᠰᠢ ᠵᠡᠭᠦᠨᠰᠢᠯᠡᠵᠦ ᠶᠠᠪᠤᠭᠠᠳ ᠰᠢᠭᠤᠢᠲᠤ ᠶ᠋ᠢᠨ ᠠᠮᠠ᠂ ᠠᠳᠤᠭᠤᠨ ᠤ᠋ ᠠᠢᠯ᠂ ᠰᠠᠯᠴᠢᠨ ᠰᠦᠮ᠎ᠡ ᠶ᠋ᠢᠨ ᠬᠠᠪᠢ ᠪᠠᠷ ᠬᠣᠷᠭᠣᠳᠠᠵᠤ ᠵᠡᠭᠦᠨᠲᠡᠢ ᠡᠴᠡ ᠴᠥᠮᠥᠷᠡᠨ ᠢᠷᠡᠬᠦ ᠪᠣᠷᠣ ᠴᠡᠷᠢᠭ ᠦ᠋ᠨ ᠪᠠᠢᠳᠠᠯ ᠢ᠋ ᠠᠵᠢᠭᠯᠠᠬᠤ ᠳ᠋ᠠᠭᠠᠨ ᠪᠠᠴᠢᠮ ᠲᠤᠯᠭᠠᠭᠤ ᠪᠠᠢᠳᠠᠯ ᠳ᠋ᠤ᠌ ᠳᠠᠭᠠᠷᠢᠬᠤ᠂ ᠤᠬᠤᠷᠢᠬᠤ᠂ ᠪᠤᠯᠲᠠᠬᠤ ᠠᠯᠢᠨ ᠳ᠋ᠤ᠌ ᠴᠦ᠍ ᠠᠰᠢᠭ ᠲᠠᠢ ᠣᠷᠣᠨ ᠪᠠᠢᠷᠢ ᠶ᠋ᠢ ᠡᠵᠡᠯᠡᠪᠡ᠃ ᠳᠣᠪᠣ ᠰᠣᠨᠳᠤᠤᠯᠠ᠂ ᠬᠥᠲᠥᠯ ᠳᠠᠪᠠᠭ᠎ᠠ᠂ ᠵᠢᠯᠠᠭ᠎ᠠ ᠰᠠᠳᠠᠷᠭᠠ ᠶ᠋ᠢᠨ ᠠᠮᠠ ᠶ᠋ᠢ ᠠᠪᠴᠤ ᠬᠡᠳᠦᠨ ᠡᠳᠦᠷ ᠪᠦᠭᠭᠦᠪᠡ᠃ ᠭᠤᠷᠪᠠᠳᠠᠬᠢ ᠡᠳᠦᠷ ᠦ᠋ᠨ ᠥᠷᠯᠥᠭᠡ ᠡᠷᠲᠡ ᠠᠭᠤᠯᠠ ᠶ᠋ᠢᠨ ᠣᠷᠣᠢ ᠳ᠋ᠤ᠌ ᠬᠠᠢᠭᠤᠯ ᠤ᠋ᠨ ᠵᠢᠰᠢᠶᠠᠨ ᠤ᠋ ᠴᠡᠷᠢᠭ ᠪᠠᠴᠢᠮ ᠴᠢᠮᠡᠭᠡ ᠤᠯᠠᠮᠵᠢᠯᠠᠨ ᠢᠷᠡᠭᠦᠯᠬᠦ ᠳ᠋ᠡᠭᠡᠨ᠂ ᠪᠣᠷᠣ ᠴᠡᠷᠢᠭ ᠦ᠋ᠳ ᠦᠨᠡᠬᠡᠷ ᠰᠠᠭᠠᠯᠢᠴᠢᠨ ᠠ᠋ᠴᠠ ᠪᠠᠷᠠᠭᠤᠨᠰᠢ ᠰᠤᠨᠤᠭᠰᠠᠨ ᠰᠢᠷ᠎ᠠ ᠵᠠᠮ ᠢ᠋ᠶ᠋ᠠᠷ ᠰᠢᠷᠭᠤᠯᠵᠢ ᠶ᠋ᠢᠨ ᠰᠦᠷᠦᠭ ᠰᠢᠭ ᠪᠣᠷᠣᠯᠠᠵᠤ ᠠᠢᠰᠤᠢ ᠭᠡᠪᠡ᠃
ᠠᠩᠴᠢᠨᠵᠠᠪ ᠳᠤᠷᠠᠨ ᠠᠪᠴᠤ ᠱᠠᠭᠠᠢᠪᠠᠯ᠂ ᠦᠬᠡᠷ ᠫᠤᠤ᠂ ᠬᠣᠨᠢᠨ ᠫᠤᠤ①᠂ ᠬᠦᠨᠳᠦ ᠬᠥᠩᠭᠡᠨ ᠫᠦᠯᠧᠮᠶᠣᠲ ᠠᠴᠢᠭᠰᠠᠨ ᠲᠡᠷᠭᠡ᠂ ᠶᠠᠪᠠᠭᠠᠨ ᠫᠤᠤ ᠡᠭᠦᠷᠴᠦ ᠡᠪᠦᠳᠦᠭ ᠡᠴᠡ ᠪᠡᠨ ᠱᠠᠭᠠᠨᠲᠤ ᠬᠦᠷᠲᠡᠯ᠎ᠡ ᠪᠡᠨ ᠨᠠᠷᠢᠨ ᠰᠢᠯᠪᠢ ᠪᠡᠨ ᠵᠣᠮᠪᠣᠢᠲᠠᠯ᠎ᠠ ᠣᠷᠢᠶᠠᠭᠰᠠᠨ ᠪᠣᠷᠣ ᠪᠣᠷᠣ ᠬᠣᠪᠴᠠᠰᠤᠲᠠᠢ ᠴᠡᠷᠢᠭ ᠦ᠋ᠳ ᠦᠶᠡᠷ ᠦ᠋ᠨ ᠤᠰᠤ ᠳᠣᠯᠭᠢᠶᠠᠯᠠᠬᠤ ᠰᠢᠭ᠋ ᠢᠷᠡᠵᠦ ᠶᠠᠪᠤᠨ᠎ᠠ᠃ ᠴᠢᠴᠧ ᠮᠠᠰᠢᠨ᠂ ᠠᠴᠢᠶ᠎ᠠ ᠬᠥᠰᠭᠡᠲᠦ ᠲᠡᠷᠭᠡ ᠤᠨᠤᠭ᠎ᠠ᠂ ᠮᠣᠷᠢᠨ ᠴᠡᠷᠢᠭ ᠂ ᠶᠠᠪᠠᠭᠠᠨ ᠴᠡᠷᠢᠭ ᠦ᠋ᠳ ᠦ᠋ᠨ ᠵᠢᠪᠬᠤᠯᠠᠩᠲᠤ ᠠᠯᠬᠤᠭ᠎ᠠ ᠵᠢᠭᠳᠡᠬᠡᠨ ᠵᠢᠷᠪᠢᠯᠵᠡᠬᠦ ᠶ᠋ᠢ ᠬᠠᠷᠠᠭᠠᠳ ᠲᠡᠷᠡ ᠳᠣᠲᠣᠷ᠎ᠠ ᠪᠠᠨ《ᠡᠢᠮᠦ ᠯᠡ ᠴᠡᠷᠢᠭ ᠲᠦ᠍ ᠨᠣᠶᠠᠯᠠᠵᠤ ᠶᠠᠪᠤᠪᠠᠯ ᠰᠠᠶᠢ ᠨᠢᠷᠤᠭᠤ ᠬᠠᠲᠠᠭᠤ ᠳᠠ! ᠬᠠᠨᠳᠤᠭᠰᠠᠨ ᠵᠦᠭ ᠲᠦ᠍ ᠳᠠᠢᠰᠤᠨ ᠦᠭᠡᠢ᠂ ᠬᠠᠷᠪᠤᠭᠰᠠᠨ ᠰᠤᠮᠤᠨ ᠳ᠋ᠤ᠌ ᠰᠠᠭᠠᠳ ᠦᠭᠡᠢ ᠭᠡᠭᠴᠢ ᠡᠭᠦᠨ ᠢ᠋ ᠯᠡ ᠶᠠᠷᠢᠳᠠᠭ ᠪᠠᠢᠬ᠎ᠠ ᠠ᠋! ᠬᠡᠩ! ᠴᠣᠭᠪᠠᠭᠠᠲᠤᠷ ᠮᠠᠭᠤ ᠯᠦᠳ᠋ ᠦ᠋ᠨ ᠤᠬᠠᠭᠠᠨ ᠳ᠋ᠤ᠌ ᠴᠢᠨᠢ ᠤᠬᠤᠨ᠎ᠠ ᠦᠬᠦᠴᠢᠬᠡᠵᠡᠢ᠃ ᠴᠢ ᠪᠢᠳᠡ ᠬᠣᠶᠠᠷ ᠲᠡᠨᠡᠭ ᠲᠡᠭᠡᠨ ᠭᠡᠬᠦ ᠤᠤ? ᠳᠤᠷ᠎ᠠ ᠲᠠᠢ ᠳ᠋ᠠᠭᠠᠨ ᠭᠡᠬᠦ ᠤᠤ? ᠶᠣᠰᠣᠲᠠᠢ ᠯᠠ ᠬᠠᠷ᠎ᠠ ᠴᠡᠷᠢᠭ ᠦ᠋ᠨ ᠡᠮᠦᠨ᠎ᠡ ᠡᠴᠡ ᠪᠣᠷᠣ ᠴᠡᠷᠢᠭ ᠲᠦ᠍ ᠳᠠᠢᠰᠤᠨ ᠪᠣᠯᠤᠭᠰᠠᠨ ᠮᠢᠬᠠᠨ ᠪᠠᠮᠪᠠᠢ ᠪᠠᠢᠨ᠎ᠠ ᠳᠠ! ᠦᠮᠡᠬᠡᠢ ᠵᠣᠪᠠᠯᠭ᠎ᠠ ᠳ᠋ᠤ᠌ ᠴᠢᠨᠢ ᠱᠤᠤᠭᠢᠵᠤ ᠢᠷᠡᠬᠦ ᠰᠤᠮᠤ ᠣᠷᠣᠳᠠᠭ ᠦᠭᠡᠢ ᠭᠡᠵᠦ ᠰᠠᠨᠠᠪᠠ ᠤᠤ? ᠥᠷᠯᠥᠭ ᠴᠢᠩᠭᠢᠰ ᠦ᠋ᠨ ᠦᠷᠡᠰ ᠦᠬᠦᠳᠡᠭ ᠦᠭᠡᠢ ᠭᠡᠵᠦ ᠢᠲᠡᠭᠡᠪᠡ ᠤᠤ? ᠠᠢ ᠳᠠ! ᠮᠠᠨ ᠤ᠋ ᠡᠨᠡ ᠭᠣᠳ ᠴᠣᠳ ᠭᠡᠰᠡᠨ ᠬᠡᠳᠦᠬᠡᠨ ᠴᠡᠷᠢᠭ᠂ ᠲᠡᠷᠡ ᠮᠥᠷᠲᠡᠭᠡᠨ ᠭᠠᠷ ᠬᠣᠭᠣᠰᠣᠨ ᠢ᠋ᠶ᠋ᠠᠷ ᠶᠠᠭᠠᠬᠢᠵᠤ ᠴᠦ᠍ ᠡᠨᠡ ᠶᠡᠬᠡ ᠪᠣᠷᠣ ᠴᠡᠷᠢᠭ ᠲᠡᠢ ᠲᠤᠯᠤᠯᠳᠤᠵᠤ ᠳᠡᠢᠯᠬᠦ ᠪᠣᠢ! ᠶᠣᠰᠣᠲᠠᠢ ᠯᠠ ᠰᠢᠯ ᠪᠣᠯᠣᠷ ᠪᠥᠮᠪᠥᠭᠡ ᠰᠢᠷᠡᠮᠦᠨ ᠪᠤᠯᠤ ᠲᠠᠢ ᠮᠥᠷᠭᠥᠯᠳᠦᠵᠦ ᠰᠦᠢᠷᠡᠬᠦ ᠨᠢ ᠲᠡᠷᠡ ᠠ᠋》 ᠭᠡᠵᠦ ᠪᠣᠳᠣᠵᠤ ᠠᠮᠵᠢᠨ《ᠪᠤᠰᠢᠭᠤᠬᠠᠨ ᠮᠣᠷᠢ ᠬᠠᠷ᠎ᠠ ᠪᠠᠨ ᠡᠮᠡᠭᠡᠯᠯᠡᠵᠦ᠂ ᠪᠤᠯᠲᠠᠵᠤ ᠭᠠᠷᠬᠤ ᠶ᠋ᠢ ᠪᠣᠳᠣ! ᠮᠠᠷᠭᠠᠲᠤᠷ ᠤ᠋ᠨ ᠣᠷᠣᠢ ᠮᠢᠩᠭᠠᠨ ᠤ᠋ ᠲᠠᠯ᠎ᠠ ᠶ᠋ᠢᠨ ᠰᠢᠨᠠᠭᠠᠨ ᠠᠭᠤᠯᠠ ᠶ᠋ᠢᠨ ᠡᠩᠭᠡᠷ ᠲᠦ᠍ ᠴᠤᠭᠯᠠᠷᠠ!》 ᠭᠡᠵᠦ ᠵᠠᠷᠯᠢᠭ ᠳᠠᠮᠵᠢᠭᠤᠯᠪᠠ᠃
ᠠᠩᠴᠢᠨᠵᠠᠪ ᠤ᠋ᠨ ᠮᠣᠷᠢᠲᠤ ᠴᠡᠷᠢᠭ ᠦ᠋ᠳ《ᠤᠬᠤᠷᠢ》 ᠭᠡᠰᠡᠨ ᠵᠠᠷᠯᠢᠭ ᠢ᠋ ᠳᠠᠮ ᠳᠠᠮ ᠤᠯᠠᠮᠵᠢᠯᠠᠨ ᠲᠡᠨᠳᠡ ᠡᠴᠡ ᠲᠦᠷᠭᠡᠨ ᠵᠠᠢᠯᠠᠵᠤ᠂ ᠰᠢᠭᠤᠢᠲᠤ᠂ ᠬᠥᠨᠳᠡᠯᠡᠨ᠂ ᠬᠠᠳᠤᠮᠠᠯ ᠤ᠋ᠨ ᠭᠣᠣᠯ ᠢ᠋ ᠥᠭᠰᠥᠨ ᠪᠤᠷᠤᠭᠤᠯᠠᠪᠠ᠃ ᠲᠡᠷᠡ ᠪᠣᠷᠣ ᠴᠡᠷᠢᠭ ᠨᠢᠭᠡ ᠯᠡ ᠡᠳᠦᠷ ᠰᠥᠨᠢ ᠶ᠋ᠢᠨ ᠵᠠᠢ ᠳ᠋ᠤ᠌ ᠪᠤᠭᠤᠲᠤ ᠶ᠋ᠢ ᠳᠠᠭᠠᠷᠢᠨ ᠡᠵᠡᠯᠡᠳᠡᠭ ᠢ᠋ᠶ᠋ᠡᠨ ᠡᠵᠡᠯᠡᠵᠦ ᠠᠮᠵᠢᠪᠠ᠃ ᠬᠠᠷ᠎ᠠ ᠴᠡᠷᠢᠭ ᠦ᠋ᠨ ᠦᠯᠡᠳᠡᠭᠳᠡᠯ ᠴᠡᠷᠢᠭ ᠪᠠᠷᠠᠭᠤᠨᠰᠢ ᠪᠣᠷᠣᠲᠣᠬᠣᠢ ᠤᠷᠤᠭᠤ ᠤᠬᠤᠷᠢᠵᠤ ᠵᠠᠪᠳᠤᠭᠠᠳᠤᠢ ᠪᠠᠷ ᠳᠠᠭᠠᠷᠢᠭᠳᠠᠪᠠ᠃
ᠪᠤᠭᠤᠲᠤ ᠶ᠋ᠢᠨ ᠡᠮᠦᠨ᠎ᠡ ᠵᠠᠮ ᠰᠠᠯᠴᠢᠨ ᠤ᠋ ᠣᠯᠣᠮ ᠢ᠋ ᠰᠠᠬᠢᠭᠰᠠᠨ ᠴᠣᠭᠪᠠᠭᠠᠲᠤᠷ ᠤ᠋ᠨ ᠴᠡᠷᠢᠭ ᠲᠡᠷᠡ ᠶᠡᠬᠡ ᠴᠡᠷᠢᠭ ᠦ᠋ᠨ ᠡᠮᠦᠨ᠎ᠡ ᠡᠴᠡ ᠫᠠᠷᠲ᠋ᠢᠽᠠᠨᠴᠢᠯᠠᠨ ᠴᠣᠬᠢᠵᠤ ᠤᠯᠠᠭᠠᠨ ᠬᠠᠲᠤᠨ ᠤ᠋ ᠵᠡᠭᠡᠰᠦ ᠬᠤᠯᠤᠰᠤᠨ ᠳ᠋ᠤ᠌ ᠨᠢᠭᠤᠭᠳᠠᠨ ᠬᠣᠷᠭᠣᠳᠠᠨ᠎ᠠ᠃ ᠴᠣᠭᠪᠠᠭᠠᠲᠤᠷ ᠳᠣᠲᠣᠷ᠎ᠠ ᠪᠠᠨ《ᠠᠷᠤ ᠲᠠᠯ᠎ᠠ ᠶ᠋ᠢᠨ ᠠᠭᠤᠯᠠ ᠶ᠋ᠢᠨ ᠡᠩᠭᠡᠷ ᠵᠠᠮ ᠢ᠋ᠶ᠋ᠠᠷ ᠬᠡᠰᠢᠭᠲᠡᠢ ᠶ᠋ᠢᠨ ᠴᠡᠷᠢᠭ ᠰᠠᠬᠢᠵᠤ ᠪᠠᠢᠭ᠎ᠠ᠁ ᠬᠡᠰᠢᠭᠲᠡᠢ ᠶ᠋ᠢᠨ ᠴᠡᠷᠢᠭ ᠵᠠᠬᠢᠷᠬᠤ ᠠᠪᠢᠶᠠᠰ ᠴᠢᠳᠠᠪᠤᠷᠢ ᠶᠠᠮᠠᠷᠬᠠᠨ ᠭᠡᠳᠡᠭ ᠢ᠋ ᠣᠢᠯᠠᠭᠠᠬᠤ ᠦᠭᠡᠢ᠃ ᠲᠡᠭᠦᠨ ᠦ᠌ ᠤᠬᠠᠭᠠᠨ ᠲᠠᠮᠢᠷ ᠢ᠋ ᠪᠢ ᠠᠮᠠᠨ ᠳᠡᠭᠡᠷ᠎ᠡ ᠪᠡᠨ ᠵᠥᠪᠰᠢᠶᠡᠷᠡᠳᠡᠭ ᠦᠭᠡᠢ ᠪᠣᠯᠪᠠᠴᠤ ᠠᠶᠤᠤᠯᠢᠬᠠᠢ ᠳᠣᠲᠣᠷ᠎ᠠ ᠪᠠᠨ ᠪᠣᠯ ᠪᠢᠰᠢᠷᠡᠨ᠎ᠡ᠃ ᠨᠠᠳᠠ ᠠ᠋ᠴᠠ ᠳᠠᠪᠠᠨ᠎ᠠ ᠤᠤ ᠭᠡᠬᠦ ᠡᠴᠡ ᠬᠣᠴᠣᠷᠬᠤ ᠦᠭᠡᠢ᠃ ᠲᠡᠷᠡ ᠭᠠᠢᠬᠠᠯ ᠴᠦ᠍ ᠰᠢᠭᠤᠢᠲᠤ ᠶ᠋ᠢᠨ ᠠᠮᠠ ᠶ᠋ᠢ ᠦᠬᠦᠬᠦᠸᠡᠷ ᠰᠠᠬᠢᠵᠤ ᠰᠠᠬᠢᠵᠤ ᠪᠠᠢᠭ᠎ᠠ᠃ ᠡᠨᠡ ᠤᠳᠠᠭᠠᠨ ᠤ᠋ ᠲᠤᠯᠤᠯᠳᠤᠭᠠᠨ ᠢ᠋ ᠦᠨᠡᠨ ᠳ᠋ᠡᠭᠡᠨ ᠲᠡᠷᠡ ᠪᠢᠳᠡ ᠬᠣᠶᠠᠷ ᠤ᠋ᠨ ᠡᠷ᠎ᠡ ᠴᠢᠳᠠᠯ ᠢ᠋ᠶ᠋ᠠᠨ ᠰᠢᠯᠭᠠᠭᠰᠠᠨ ᠮᠥᠷᠥᠢ ᠭᠡᠪᠡᠴᠦ ᠪᠣᠯᠤᠨ᠎ᠠ᠃ ᠲᠡᠢᠮᠦ ᠪᠡᠷ ᠤᠬᠠᠭᠠᠨ ᠴᠢᠳᠠᠯ ᠢ᠋ᠶ᠋ᠠᠷ ᠢ᠋ᠶ᠋ᠠᠨ ᠭᠠᠪᠢᠶ᠎ᠠ ᠪᠠᠢᠭᠤᠯᠵᠤ᠂ ᠪᠠᠭ᠎ᠠ ᠬᠠᠲᠤᠨ ᠢ᠋ᠶ᠋ᠠᠷ ᠳᠠᠮᠵᠢᠨ ᠪᠦᠷ ᠳᠡᠭᠡᠷᠡᠬᠢ ᠶ᠋ᠢᠨ ᠬᠥᠮᠦᠨ ᠳ᠋ᠦ᠍ ᠲᠣᠭᠣᠭᠳᠠᠪᠠᠯ ᠴᠦ᠍ ᠪᠠᠰᠠ ᠠᠮᠠᠷ ᠦᠭᠡᠢ ᠳᠡ!》 ᠭᠡᠵᠦ ᠰᠢᠵᠠᠭᠤᠷ ᠵᠠᠭᠤᠨ ᠬᠠᠶᠠ ᠨᠢᠭᠡ ᠵᠠᠪᠰᠠᠷ ᠵᠠᠭᠠᠯᠢᠬᠠᠢ ᠪᠠᠷ ᠭᠣᠳ ᠴᠣᠳ ᠬᠢᠨ ᠫᠤᠤ ᠳᠤᠤᠭᠠᠷᠭᠠᠵᠤ᠂ ᠵᠥᠭᠡᠢ ᠶ᠋ᠢᠨ ᠡᠭᠦᠷ ᠰᠡᠭᠴᠢᠭᠰᠡᠨ ᠰᠢᠦᠬᠡᠨ ᠶᠠᠭᠤᠮ᠎ᠠ ᠪᠣᠯᠵᠤ ᠪᠣᠷᠣ ᠴᠡᠷᠢᠭ ᠦ᠋ᠨ ᠬᠠᠵᠠᠭᠤ ᠬᠠᠪᠢᠷᠭ᠎ᠠ ᠪᠠᠷ ᠭᠣᠳᠯᠠᠵᠤ ᠠᠲᠠᠯ᠎ᠠ ᠭᠡᠨᠡᠳᠲᠡ ᠨᠢᠭᠡ ᠰᠥᠨᠢ ᠲᠡᠭᠦᠨ ᠦ᠌ ᠪᠠᠷᠠᠭᠤᠨ ᠲᠠᠯ᠎ᠠ ᠪᠠᠷ ᠠᠷᠤ ᠬᠣᠢᠨ᠎ᠠ ᠠ᠋ᠴᠠ ᠨᠢ ᠪᠦᠰᠡᠯᠡᠨ ᠰᠢᠷᠦᠭᠦᠨ ᠳᠠᠭᠠᠷᠢᠯᠲᠠ ᠬᠢᠪᠡ᠃ ᠴᠣᠭᠪᠠᠭᠠᠲᠤᠷ ᠤ᠋ᠨ ᠶᠢᠰᠦᠨ ᠪᠣᠳᠣᠯ ᠤ᠋ᠨ ᠵᠠᠢ ᠳ᠋ᠤ᠌ ᠣᠷᠣᠭᠰᠠᠨ ᠦᠭᠡᠢ ᠡᠨᠡ ᠬᠦ᠌ ᠭᠡᠨᠡᠳᠲᠡ ᠶ᠋ᠢᠨ ᠳᠠᠭᠠᠷᠢᠯᠲᠠ ᠲᠡᠭᠦᠨ ᠦ᠌ ᠴᠡᠷᠢᠭ ᠢ᠋ ᠶᠡᠬᠡᠳᠡ ᠬᠣᠬᠢᠷᠠᠭᠠᠪᠠ᠃ ᠲᠡᠷᠡ ᠪᠡᠷ ᠠᠷᠭ᠎ᠠ ᠪᠤᠶᠤ ᠦᠯᠡᠮᠵᠢ ᠴᠡᠷᠢᠭ ᠮᠣᠷᠢ ᠪᠠᠨ ᠦᠷᠡᠭᠡᠵᠦ ᠰᠥᠨᠢᠵᠢᠨ ᠤᠯᠠᠭᠠᠨ ᠬᠠᠲᠤᠨ ᠢ᠋ ᠭᠠᠲᠤᠯᠵᠤ ᠠᠷᠠᠢ ᠴᠢᠷᠠᠢ ᠠᠮᠢ ᠵᠤᠯᠪᠠᠪᠠ᠃
ᠡᠨᠡ ᠦᠶ᠎ᠡ ᠳ᠋ᠦ᠍ ᠬᠠᠷ᠎ᠠ ᠴᠡᠷᠢᠭ ᠦ᠋ᠨ ᠬᠢᠨ ᠦ᠌ ᠵᠡᠪᠰᠡᠭᠲᠦ ᠠᠷᠮᠢ ᠶ᠋ᠢᠨ ᠬᠡᠰᠡᠭ ᠴᠡᠷᠢᠭ ᠨᠢ ᠪᠤᠭᠤᠲᠤ ᠠ᠋ᠴᠠ ᠭᠠᠷᠴᠤ ᠨᠢᠭᠡ ᠡᠳᠦᠷ ᠦ᠋ᠨ ᠵᠠᠮ ᠬᠥᠭᠡᠭᠡᠵᠦ ᠬᠣᠶᠠᠷᠬᠤᠳᠲᠤᠭ ᠲᠤ ᠬᠦᠷᠦᠭᠡᠳ᠂ ᠪᠦᠷᠦᠢ ᠪᠣᠯᠬᠤ ᠳ᠋ᠤ᠌《ᠮᠠᠨ ᠤ᠋ ᠠᠷᠤ ᠳ᠋ᠤ᠌ ᠪᠠᠷᠠᠭᠤᠨ ᠬᠦᠩ ᠦ᠋ᠨ ᠶᠠᠮᠤᠨ ᠤ᠋ ᠴᠡᠷᠢᠭ ᠴᠠᠭᠠᠨ᠎ᠠ ᠠ᠋ᠴᠠ ᠴᠥᠮᠥᠷᠡᠵᠦ ᠢᠷᠡᠬᠦ ᠪᠣᠷᠣ ᠴᠡᠷᠢᠭ ᠲᠡᠢ ᠲᠤᠯᠤᠯᠳᠤᠵᠤ ᠪᠠᠢᠭ᠎ᠠ ᠶᠤᠮ᠃ ᠦᠬᠦᠬᠦ ᠡᠴᠡ ᠴᠦ᠍ ᠪᠤᠴᠠᠳᠠᠭ ᠦᠭᠡᠢ ᠡᠷᠡᠯᠬᠡᠭ ᠮᠣᠩᠭᠣᠯ ᠮᠣᠷᠢᠨ ᠴᠡᠷᠢᠭ ᠦ᠋ᠨ ᠬᠠᠰᠢᠯᠭ᠎ᠠ ᠶ᠋ᠢ ᠰᠡᠲᠡᠯᠵᠦ ᠣᠷᠣᠬᠤ ᠭᠡᠭᠴᠢ ᠲᠡᠢᠮᠦ ᠬᠢᠯᠪᠠᠷ ᠪᠢᠰᠢ ᠠ᠋!》 ᠭᠡᠵᠦ ᠰᠡᠳᠬᠢᠯ ᠰᠠᠨᠠᠭ᠎ᠠ ᠠᠮᠤᠷ ᠲᠡᠨᠳᠡ ᠪᠡᠨ ᠬᠣᠨᠣᠭᠯᠠᠪᠠ᠃ ᠭᠡᠨᠡᠳᠲᠡ ᠰᠥᠨᠢ ᠪᠡᠷ ᠫᠤᠤ ᠳᠤᠤᠭᠠᠷᠴᠤ ᠪᠣᠷᠣ ᠴᠡᠷᠢᠭ ᠲᠦ᠍ ᠪᠦᠰᠡᠯᠡᠭᠳᠡᠭᠰᠡᠨ ᠬᠠᠷ᠎ᠠ ᠴᠡᠷᠢᠭ ᠰᠥᠨᠢᠵᠢᠨ ᠪᠠᠢᠯᠳᠤᠪᠠ᠃ ᠳᠠᠷᠠᠭ᠎ᠠ ᠥᠷᠯᠥᠭᠡ ᠡᠷᠲᠡ ᠥᠨᠥᠬᠢ ᠵᠡᠪᠰᠡᠭᠲᠦ ᠠᠷᠮᠢ ᠶ᠋ᠢᠨ ᠬᠡᠰᠡᠭ ᠴᠡᠷᠢᠭ ᠠᠭᠤᠯᠠ ᠶ᠋ᠢᠨ ᠡᠩᠭᠡᠷ ᠵᠦᠭ ᠪᠤᠷᠤᠭᠤᠯᠠᠵᠤ ᠮᠤᠨᠠ ᠠᠭᠤᠯᠠ ᠶ᠋ᠢᠨ ᠠᠭᠤᠢ ᠶ᠋ᠢᠨ ᠭᠣᠣᠯ᠂ ᠤᠯᠠᠭᠠᠨᠪᠤᠯᠠᠭ᠂ ᠮᠡᠷᠭᠡᠨ ᠭᠣᠣᠯ ᠢ᠋ᠶ᠋ᠠᠷ ᠥᠭᠡᠳᠡᠯᠡᠨ ᠠᠮᠢ ᠲᠡᠮᠡᠴᠡᠨ ᠵᠢᠭᠤᠲᠠᠪᠠ᠃ ᠡᠨᠡ ᠨᠢ ᠦᠨᠡᠨ ᠳ᠋ᠡᠭᠡᠨ ᠪᠦᠰᠡᠯᠡᠯᠲᠡ ᠶ᠋ᠢᠨ ᠣᠭᠣᠰᠣᠷ ᠢ᠋ ᠠᠳᠬᠤᠵᠤ ᠪᠠᠢᠭᠰᠠᠨ ᠪᠣᠷᠣ ᠴᠡᠷᠢᠭ ᠦ᠋ᠳ ᠵᠣᠷᠢᠭᠤᠳᠠ ᠵᠠᠮ ᠲᠠᠯᠪᠢᠵᠤ ᠳᠤᠲᠠᠭᠠᠯᠭᠠᠭᠰᠠᠨ ᠬᠡᠷᠡᠭ ᠪᠠᠢᠵᠠᠢ᠃ ᠬᠠᠰᠢᠯᠭ᠎ᠠ ᠪᠣᠭᠣᠳᠠᠭ ᠢ᠋ᠶ᠋ᠠᠨ ᠰᠡᠲᠡᠯᠦᠭᠰᠡᠨ ᠣᠷᠭᠣᠳᠠᠭᠤᠯ ᠤ᠋ᠨ ᠬᠠᠷ᠎ᠠ ᠴᠡᠷᠢᠭ ᠦ᠋ᠳ ᠵᠠᠮᠪᠠᠷᠠᠭ᠎ᠠ ᠦᠭᠡᠢ ᠳᠤᠲᠠᠭᠠᠭᠰᠠᠨ ᠳ᠋ᠤ᠌ ᠠᠷᠤ ᠠ᠋ᠴᠠ ᠨᠢ ᠪᠣᠷᠣ ᠴᠡᠷᠢᠭ ᠦᠬᠡᠷ ᠫᠤᠤ ᠪᠠᠷ ᠳᠡᠯᠪᠡᠴᠢᠵᠦ ᠪᠠᠢᠭᠠᠳ ᠰᠥᠨᠥᠭᠡᠵᠡᠢ᠃ ᠳᠤᠲᠠᠭᠠᠵᠤ ᠭᠠᠷᠤᠭᠰᠠᠨ ᠴᠥᠭᠡᠪᠦᠷ ᠬᠠᠷ᠎ᠠ ᠴᠡᠷᠢᠭ ᠦ᠋ᠳ ᠠᠭᠤᠯᠠᠨ ᠳ᠋ᠤ᠌ ᠨᠢᠭᠤᠭᠳᠠᠵᠤ᠂ ᠰᠡᠭᠦᠯ ᠳ᠋ᠡᠭᠡᠨ ᠪᠦᠷ ᠥᠯᠪᠡᠷᠴᠦ ᠦᠬᠦᠬᠦ ᠰᠢᠬᠠᠭᠠᠳ ᠠᠭᠤᠯᠠ ᠶ᠋ᠢᠨ ᠠᠷᠤ ᠲᠠᠯ᠎ᠠ ᠳ᠋ᠤ᠌ ᠭᠠᠷᠤᠨ ᠰᠠᠭᠠᠳᠠᠭ᠂ ᠪᠡᠬᠢᠲᠦ᠂ ᠮᠢᠩᠭᠠᠨ ᠤ᠋ ᠰᠢᠲᠦᠭᠡᠨ᠂ ᠰᠢᠨᠠᠭᠠᠨ ᠠᠭᠤᠯᠠ ᠵᠡᠷᠭᠡ ᠭᠠᠵᠠᠷ ᠢ᠋ᠶ᠋ᠠᠷ ᠮᠠᠯᠴᠢᠨ ᠠᠷᠠᠳ ᠢ᠋ ᠴᠥᠯᠪᠡᠨ ᠳᠡᠭᠡᠷᠡᠮᠳᠡᠵᠦ᠂ ᠡᠮᠡᠰ ᠥᠬᠢᠳ ᠢ᠋ ᠪᠤᠵᠠᠷᠯᠠᠨ᠂ ᠡᠳᠡᠭᠡᠷ ᠭᠠᠵᠠᠷ ᠤ᠋ᠨ ᠠᠷᠠᠳ ᠢᠷᠭᠡᠳ ᠲᠦ᠍ ᠭᠠᠢ ᠲᠠᠷᠢᠭᠰᠠᠨ ᠢ᠋ ᠬᠡᠯᠡᠬᠦ ᠶ᠋ᠢᠨ ᠠᠷᠭ᠎ᠠ ᠦᠭᠡᠢ᠃
— — — —
① ᠤᠭᠰᠠᠷᠠᠭ᠎ᠠ ᠪᠠᠷ ᠱᠦᠬᠦᠷᠳᠡᠳᠡᠭ ᠫᠤᠤ ᠶᠢ ᠵᠢᠭᠠᠨ᠎ᠠ᠃
ᠦᠰᠦᠭ ᠠᠮᠢᠯᠠᠭᠤᠯᠤᠭᠰᠠᠨ ᠨᠢ᠄ ᠭᠠᠷᠮ᠎ᠠ
