ᠪᠥᠷᠲᠡ- ᠡᠰᠡ ᠮᠠᠷᠲᠠᠭᠳᠠᠬᠤ ᠦᠰ ᠬᠤᠨᠵᠢᠩ-ᠴᠢᠩᠭᠢᠰ ᠬᠠᠭᠠᠨ ᠊ᠤ᠌ ᠨᠢᠭᠤᠴᠠ ᠲᠡᠦᠬᠡ01Бөртэ-Эс мартагдах өс хонзонEs martagdakh ös khonzon
ᠪᠥᠷᠲᠡ- ᠡᠰᠡ ᠮᠠᠷᠲᠠᠭᠳᠠᠬᠤ ᠦᠰ ᠬᠤᠨᠵᠢᠩ
ᠲᠠᠯᠪᠢᠬᠤ ᠲᠩᠷᠢ ᠶᠠᠭᠠᠬᠢᠭᠠᠳ ᠮᠠᠷᠭᠠᠰᠢ ᠶᠣᠰᠣᠯᠠᠯ ᠪᠤᠷᠤᠭᠤ ᠦᠢᠯᠡ
ᠡᠰᠡ ᠮᠠᠷᠲᠠᠭᠳᠠᠬᠤ ᠦᠰ ᠬᠤᠨᠵᠢᠩ
ᠲᠠᠬᠢᠷ ᠰᠡᠯᠡᠮ᠎ᠡ ᠰᠢᠭ ᠰᠠᠷᠠᠨ ᠳᠣᠲᠣᠷ᠎ᠠ ᠡᠴᠡ ᠴᠢᠨᠣ᠎ᠠ ᠣᠯᠢᠵᠤ ᠪᠠᠢᠪᠠ᠃ ᠲᠡᠭᠦᠨ ᠦ᠌ ᠪᠠᠷᠳᠠᠮ ᠶᠡᠬᠡᠮᠰᠦᠭ ᠳᠠᠭᠤ ᠲᠩᠷᠢ ᠡᠴᠡ ᠳᠣᠭᠣᠭᠰᠢᠯᠠᠵᠤ᠂ ᠠᠭᠤᠯᠠ ᠬᠥᠪᠡᠭᠡ ᠳᠠᠮᠨᠠᠨ ᠦᠷᠭᠦᠯᠵᠢᠯᠡᠭᠰᠡᠨ ᠶᠡᠬᠡ ᠴᠡᠷᠢᠭ ᠦ᠋ᠨ ᠴᠤᠪᠤᠭᠠᠨ ᠳᠡᠭᠡᠭᠦᠷ ᠬᠡᠰᠡᠭ ᠵᠠᠭᠤᠷ᠎ᠠ ᠴᠤᠤᠷᠢᠶᠠᠲᠤᠭᠠᠳ ᠭᠠᠵᠠᠷ ᠲᠤ᠌ ᠰᠢᠩᠭᠡᠨ ᠵᠠᠮᠬᠠᠷᠠᠬᠤ ᠠᠵᠢ᠃ ᠠᠶᠠᠨ ᠲᠡᠢᠨ ᠦ᠌ ᠵᠠᠮ ᠵᠠᠭᠤᠷ᠎ᠠ ᠴᠢᠨᠣ᠎ᠠ ᠲᠠᠭᠠᠷᠠᠯᠳᠤᠬᠤ ᠨᠢ ᠢᠯᠠᠯᠲᠠ ᠣᠯᠬᠤ ᠶ᠋ᠢᠨ ᠲᠡᠮᠳᠡᠭ ᠭᠡᠵᠦ ᠮᠣᠩᠭᠣᠯᠴᠤᠳ ᠦᠵᠡᠳᠡᠭ ᠲᠤᠯᠠ ᠬᠡᠳᠦᠢ ᠴᠢᠮᠡᠭᠡ ᠭᠠᠷᠭᠠᠬᠤ ᠶ᠋ᠢ ᠴᠠᠭᠠᠵᠠᠯᠠᠭᠰᠠᠨ ᠴᠤ᠌ ᠪᠦᠭᠦᠳᠡ ᠪᠡᠶᠡᠰᠦᠨ ᠬᠠᠮᠠᠷ ᠳᠣᠣᠷ᠎ᠠ ᠪᠠᠨ ᠤᠤᠬᠠᠢᠯᠠᠵᠤ ᠶᠠᠪᠤᠯ᠎ᠠ᠃ ᠬᠠᠪᠢᠷᠭᠠᠨ ᠰᠠᠷᠠᠨ ᠤ᠋ ᠬᠦᠢᠲᠡᠨ ᠴᠡᠩᠬᠡᠷ ᠲᠤᠶᠠᠭᠠᠨ ᠳ᠋ᠤ᠌ ᠡᠷᠭᠢᠨ ᠲᠣᠭᠣᠷᠢᠨ ᠤ᠋ ᠠᠭᠤᠯᠠᠰ ᠲᠩᠷᠢ ᠶ᠋ᠢᠨ ᠬᠠᠶᠠᠭᠠᠨ ᠳ᠋ᠤ᠌ ᠰᠡᠭᠦᠳᠡᠢᠵᠦ᠂ ᠳᠥᠷᠪᠡᠨ ᠲᠦᠮᠡᠨ ᠠᠭᠲᠠ ᠮᠣᠷᠢᠳ ᠤ᠋ᠨ ᠲᠤᠭᠤᠷᠠᠢ ᠶ᠋ᠢᠨ ᠴᠢᠮᠡᠭᠡ ᠪᠢᠲᠡᠭᠦᠦ ᠨᠦᠷᠬᠢᠨ᠂ ᠭᠠᠵᠠᠷ ᠳᠣᠷᠭᠢᠵᠤ ᠪᠠᠢᠬᠤ ᠰᠢᠭ᠋ ᠰᠠᠨᠠᠭᠳᠠᠨ᠎ᠠ᠃ ᠣᠩᠭᠣᠨ ᠵᠡᠷᠯᠢᠭ ᠬᠡᠭᠡᠷ᠎ᠡ ᠶ᠋ᠢᠨ ᠤᠷᠭᠤᠮᠠᠯ ᠴᠡᠴᠡᠭᠡᠰ ᠲᠠᠯᠬᠠᠯᠠᠭᠳᠠᠨ ᠠᠩᠬᠢᠯᠤᠭᠤᠨ ᠬᠤᠷᠴᠠ ᠦᠨᠦᠷ ᠨᠢ ᠮᠣᠷᠢᠳ ᠤ᠋ᠨ ᠬᠥᠯᠥᠰᠥᠨ ᠦ᠌ ᠦᠨᠦᠷ ᠲᠡᠢ ᠬᠣᠯᠢᠯᠳᠤᠨ ᠬᠠᠮᠠᠷ ᠰᠡᠲᠡᠷᠡᠮᠡ ᠬᠠᠩᠬᠤᠯᠬᠤ ᠠᠵᠢ᠃ ᠮᠣᠷᠢᠳ ᠤ᠋ᠨ ᠳᠣᠷᠭᠢᠯᠠᠬᠤ᠂ ᠶᠡᠬᠡ ᠴᠡᠷᠢᠭ ᠦ᠋ᠨ ᠴᠤᠪᠤᠭᠠᠨ ᠤ᠋ ᠳᠥᠷᠥᠭᠡ ᠬᠠᠷᠰᠢᠬᠤ ᠨᠢ ᠰᠥᠨᠢ ᠶ᠋ᠢᠨ ᠴᠡᠩᠭᠡᠭ ᠰᠡᠷᠢᠭᠦᠬᠡᠨ ᠠᠭᠠᠷ ᠲᠤ᠌ ᠲᠣᠪ ᠲᠣᠳᠣ ᠰᠣᠨᠣᠰᠳᠠᠬᠤ ᠠᠭᠠᠳ ᠡᠨᠡ ᠣᠯᠠᠨ ᠠᠭᠲᠠ ᠶ᠋ᠢᠨ ᠬᠥᠯ ᠢ᠋ᠶ᠋ᠡᠷ ᠪᠤᠵᠢᠭᠢᠨᠠᠭᠰᠠᠨ ᠤᠯᠠᠭᠠᠨ ᠰᠢᠷᠣᠢ ᠠᠭᠠᠷ ᠲᠤ᠌ ᠳᠡᠭᠳᠡᠵᠦ ᠨᠠᠷᠢᠨ ᠲᠣᠭᠣᠰᠣ ᠠᠮᠠ ᠬᠠᠮᠠᠷ ᠢ᠋ᠶ᠋ᠠᠷ ᠴᠢᠬᠢᠨ ᠠᠭᠤᠰᠬᠢᠨ ᠳ᠋ᠤ᠌ ᠣᠴᠢᠵᠤ ᠨᠠᠭᠠᠯᠳᠤᠨ᠎ᠠ᠃
ᠲᠡᠮᠦᠵᠢᠨ ᠤᠷᠢᠳ ᠨᠢ ᠡᠢᠮᠦ ᠣᠯᠠᠨ ᠮᠣᠷᠢᠲᠤ ᠴᠡᠷᠢᠭ ᠦ᠋ᠨ ᠳᠤᠮᠳᠠ ᠶᠠᠪᠤᠵᠤ ᠦᠵᠡᠭᠰᠡᠨ ᠦᠭᠡᠢ ᠲᠤᠯᠠ ᠥᠪᠡᠷ ᠦ᠋ᠨ ᠡᠷᠬᠡ ᠦᠭᠡᠢ ᠰᠦᠷᠳᠡᠨ ᠪᠢᠰᠢᠷᠡᠵᠦ ᠪᠠᠢᠭᠰᠠᠨ ᠴᠤ᠌ ᠲᠡᠭᠦᠨ ᠢ᠋ ᠪᠡᠨ ᠠᠯᠢ ᠪᠣᠯᠬᠤ ᠪᠠᠷ ᠨᠢᠭᠤᠬᠤ ᠶ᠋ᠢ ᠬᠢᠴᠢᠶᠡᠵᠦ ᠪᠠᠢᠯ᠎ᠠ᠃ ᠬᠡᠳᠦᠨ ᠠᠭᠤᠯᠠ ᠬᠥᠪᠡᠭᠡ ᠳᠠᠪᠠᠵᠤ ᠰᠠᠷᠠᠨ ᠤ᠋ ᠴᠡᠩᠬᠡᠷ ᠭᠡᠷᠡᠯ ᠳ᠋ᠦ᠍ ᠰᠦᠷ ᠪᠠᠷᠠᠯᠠᠨ ᠦᠷᠭᠦᠯᠵᠢᠯᠡᠭᠰᠡᠨ ᠮᠣᠷᠢᠲᠤ ᠴᠡᠷᠢᠭ ᠦ᠋ᠨ ᠴᠤᠪᠤᠭ᠎ᠠ ᠶ᠋ᠢ ᠬᠠᠷᠠᠬᠤ ᠳ᠋ᠤ᠌ ᠠᠪᠤᠷᠭᠤ ᠲᠣᠮᠣ ᠦᠬᠡᠷ ᠮᠣᠭᠠᠢ ᠮᠤᠰᠬᠢᠷᠠᠨ ᠡᠪᠬᠡᠷᠡᠵᠦ ᠪᠠᠢᠬᠤ ᠰᠢᠭ᠋ ᠦᠵᠡᠭᠳᠡᠨ᠎ᠡ᠃ ᠪᠠᠰᠠ ᠵᠠᠮ ᠳ᠋ᠤ᠌ ᠰᠠᠷᠠᠨ ᠳᠣᠲᠣᠷ᠎ᠠ ᠡᠴᠡ ᠴᠢᠨᠣ᠎ᠠ ᠣᠯᠢᠬᠤ ᠰᠣᠨᠣᠰᠤᠭᠳᠠᠭᠰᠠᠨ ᠨᠢ ᠡᠷᠲᠡ ᠪᠠᠭ᠎ᠠ ᠨᠠᠰᠤᠨ ᠳ᠋ᠤ᠌ ᠵᠡᠭᠦᠳᠦᠨ ᠳ᠋ᠦ᠍ᠨᠢ ᠦᠵᠡᠭᠳᠡᠭᠰᠡᠨ ᠥᠨᠥᠬᠢ ᠭᠠᠯᠲᠤ ᠴᠢᠨᠣ᠎ᠠ ᠶ᠋ᠢ ᠡᠷᠬᠡ ᠦᠭᠡᠢ ᠰᠠᠨᠠᠭᠳᠠᠭᠤᠯᠤᠭᠰᠠᠨ ᠲᠤᠯᠠ ᠰᠡᠳᠬᠢᠯ ᠨᠢ ᠲᠡᠰᠬᠡᠯ ᠦᠭᠡᠢ ᠶᠡᠬᠡ ᠪᠡᠷ ᠳᠣᠭᠳᠣᠯᠵᠠᠢ᠃ ᠭᠡᠪᠡᠴᠦ ᠲᠡᠮᠦᠵᠢᠨ ᠥᠪᠡᠷ ᠦ᠋ᠨ ᠰᠡᠳᠬᠢᠯ ᠦ᠋ᠨ ᠭᠦᠨ ᠳ᠋ᠡᠬᠢ ᠬᠤᠪᠢᠷᠠᠯ ᠬᠥᠳᠡᠯᠦᠯ ᠢ᠋ᠶ᠋ᠡᠨ ᠬᠡᠨ ᠳ᠋ᠦ᠍ ᠴᠦ᠍ ᠠᠩᠵᠠᠭᠠᠷᠠᠭᠳᠠᠬᠤ ᠦᠭᠡᠢ ᠪᠡᠷ ᠲᠡᠪᠴᠢᠨ ᠪᠠᠷᠢᠵᠤ ᠰᠤᠷᠤᠭᠰᠠᠨ ᠪᠢᠯᠡ᠃ ᠡᠢᠮᠦ ᠵᠠᠩ ᠢ᠋ ᠡᠳᠦᠭᠡ ᠬᠦᠷᠲᠡᠯᠡᠬᠢ ᠵᠣᠪᠠᠯᠠᠩᠲᠤ ᠠᠮᠢᠳᠤᠷᠠᠯ ᠨᠢ ᠲᠡᠭᠦᠨ ᠳ᠋ᠦ᠍ ᠰᠤᠷᠭᠠᠭᠰᠠᠨ ᠶᠤᠮ᠃
ᠠᠩᠬ᠎ᠠ ᠬᠣᠩᠭᠢᠷᠠᠳ ᠠᠢᠮᠠᠭ ᠤ᠋ᠨ ᠳ᠋ᠠᠢ ᠰᠡᠴᠡᠨ ᠦ᠌ ᠭᠡᠷ ᠲᠦ᠍ ᠶᠢᠰᠦᠭᠡᠢ ᠡᠴᠢᠭᠡ ᠨᠢ ᠣᠷᠬᠢᠨ ᠶᠠᠪᠤᠬᠤ ᠳ᠋ᠤ᠌ ᠡᠷᠭᠢᠵᠦ ᠴᠦ᠍ ᠬᠠᠷᠠᠬᠤ ᠦᠭᠡᠢ ᠪᠡᠷ ᠬᠣᠯᠠᠳᠠᠨ ᠣᠳᠴᠤ ᠪᠣᠢ ᠡᠴᠢᠭᠡ ᠶ᠋ᠢᠨ ᠢ᠋ᠶ᠋ᠡᠨ ᠠᠷᠤ ᠡᠴᠡ ᠭᠦᠶᠦᠮᠡᠷ᠂ ᠬᠠᠰᠬᠢᠷᠴᠤ ᠤᠷᠢᠯᠠᠮᠠᠷ ᠪᠠᠢᠭᠰᠠᠨ ᠴᠤ᠌ ᠴᠡᠢᠯᠡᠯᠵᠡᠨ ᠭᠠᠷᠬᠤ ᠨᠢᠯᠪᠤᠰᠤ ᠪᠠᠨ ᠲᠡᠪᠴᠢᠨ ᠪᠠᠷᠢᠵᠤ᠂ ᠴᠠᠭᠠᠰᠢ ᠰᠢᠩᠭᠡᠭᠡᠭᠰᠡᠨ ᠢ᠋ᠶ᠋ᠡᠷ ᠪᠠᠷᠠᠬᠤ ᠦᠭᠡᠢ ᠪᠦᠷ ᠬᠡᠨᠡᠭ ᠦᠭᠡᠢ ᠴᠢᠷᠠᠢ ᠭᠠᠷᠭᠠᠵᠤ ᠴᠢᠳᠠᠭᠰᠠᠨ ᠪᠢᠯᠡ᠃ ᠳᠣᠲᠣᠷ᠎ᠠ ᠪᠠᠨ ᠡᠴᠢᠭᠡ ᠳ᠋ᠡᠭᠡᠨ ᠭᠣᠮᠣᠳᠠᠵᠤ᠂ ᠪᠦᠷ ᠬᠠᠷᠠᠩᠭᠤᠰᠤᠨ ᠭᠠᠰᠢᠭᠤᠳᠠᠭᠰᠠᠨ ᠴᠤ᠌ ᠠᠮᠢᠳᠤᠷᠠᠯ ᠨᠢᠭᠡᠨᠲᠡ ᠯᠡ ᠢᠩᠭᠢᠬᠦ ᠶ᠋ᠢ ᠱᠠᠭᠠᠷᠳᠠᠭᠰᠠᠨ ᠲᠤᠯᠠ ᠲᠡᠮᠦᠵᠢᠨ ᠦᠭᠡ ᠳᠠᠭᠤ ᠦᠭᠡᠢ ᠲᠡᠭᠦᠨ ᠦ᠌ ᠠᠶ᠎ᠠ ᠶ᠋ᠢ ᠳᠠᠭᠠᠵᠠᠢ᠃ ᠨᠡᠷ᠎ᠡ ᠮᠡᠳᠡᠬᠦ ᠴᠦ᠍ ᠵᠢᠰᠦ ᠦᠵᠡᠭᠡ ᠦᠭᠡᠢ ᠬᠠᠷᠢ ᠶ᠋ᠢᠨ ᠠᠢᠮᠠᠭ ᠲᠤ᠌᠂
ᠬᠥᠮᠦᠨ ᠦ᠌ ᠭᠡᠷ ᠲᠦ᠍ ᠭᠠᠭᠴᠠᠭᠠᠷ ᠬᠠᠶᠠᠭᠳᠠᠬᠤ ᠶᠤᠮ ᠭᠡᠵᠦ ᠳᠠᠩᠴᠤ ᠰᠠᠨᠠᠭ᠎ᠠ ᠦᠭᠡᠢ ᠪᠢᠯᠡ᠃ ᠡᠴᠢᠭᠡ ᠨᠢ ᠰᠠᠯᠬᠤ ᠳ᠋ᠠᠭᠠᠨ ᠶᠠᠳᠠᠵᠤ ᠴᠥᠭᠡᠨ ᠴᠦ᠍ ᠭᠡᠯᠡ ᠤᠷᠮ᠎ᠠ ᠶ᠋ᠢᠨ ᠦᠭᠡ ᠬᠡᠯᠡᠵᠦ᠂ ᠤᠷᠤᠭᠤᠯ ᠬᠦᠷᠭᠡᠨ ᠦᠨᠦᠰᠦᠭᠰᠡᠨ ᠴᠦ᠍ ᠦᠭᠡᠢ᠃ ᠡᠴᠢᠭᠡ ᠶ᠋ᠢᠨ ᠬᠢᠨᠢ ᠰᠢᠷᠦᠭᠦᠨ ᠲᠦᠷᠢᠮᠡᠬᠡᠢ ᠬᠠᠷᠠᠴᠠ ᠨᠢᠭᠡᠨᠲᠡ ᠲᠡᠭᠦᠨ ᠳᠡᠭᠡᠷ᠎ᠡ ᠲᠤᠰᠬᠤ ᠳ᠋ᠤ᠌《ᠠᠪᠤ ᠣᠳᠣ ᠨᠠᠮᠠᠶ᠋ᠢ ᠦᠨᠦᠰᠴᠦ ᠡᠯᠢᠭᠡᠨ ᠳ᠋ᠡᠭᠡᠨ ᠲᠡᠪᠡᠷᠢᠨ᠎ᠡ ᠳᠡ》 ᠭᠡᠵᠦ ᠪᠣᠳᠣᠭᠰᠠᠨ ᠰᠠᠨ᠃ ᠭᠡᠪᠡᠴᠦ ᠲᠡᠭᠡᠭᠰᠡᠨ ᠦᠭᠡᠢ ᠪᠢᠯᠡ᠃ ᠶᠢᠰᠦᠭᠡᠢ ᠡᠴᠢᠭᠡ ᠨᠢ ᠮᠣᠷᠳᠠᠬᠤ ᠶ᠋ᠢᠨ ᠢ᠋ᠶ᠋ᠡᠨ ᠡᠮᠦᠨ᠎ᠡ
— ᠳ᠋ᠠᠢ ᠰᠡᠴᠡᠨ᠂ ᠪᠢ ᠲᠡᠮᠦᠵᠢᠨ ᠬᠥᠪᠡᠭᠦᠨ ᠢ᠋ᠶ᠋ᠡᠨ ᠬᠣᠲᠠ ᠴᠢᠨᠦ ᠬᠦᠰᠡᠭᠰᠡᠨ ᠢ᠋ᠶ᠋ᠡᠷ ᠲᠠᠨ ᠤ᠋ ᠳ᠋ᠤ᠌ ᠣᠷᠬᠢᠯ᠎ᠠ᠃ ᠴᠢ ᠰᠠᠢᠲᠤᠷ ᠬᠠᠷᠠᠭᠠᠯᠵᠠᠬᠤ ᠪᠢᠵᠡ᠃ ᠬᠥᠪᠡᠭᠦᠨ ᠮᠢᠨᠢ ᠨᠣᠬᠠᠢ ᠡᠴᠡ ᠰᠣᠴᠢᠮᠠᠲᠠᠭᠠᠢ ᠶᠤᠮ᠃ ᠴᠢ ᠬᠢᠴᠢᠶᠡᠭᠡᠷᠡᠢ ᠭᠡᠵᠦ ᠬᠡᠯᠡᠬᠦ ᠳ᠋ᠡᠭᠡᠨ ᠴᠦ᠍ ᠲᠡᠮᠦᠵᠢᠨ ᠢ᠋ ᠬᠠᠢᠷᠠᠯᠠᠵᠤ ᠦᠷᠦ ᠡᠪᠡᠳᠬᠦ ᠦᠭᠡᠢ ᠪᠠᠢᠬᠤ ᠰᠢᠭ᠋ ᠰᠠᠨᠠᠭᠳᠠᠭᠰᠠᠭᠠᠷ ᠪᠠᠢᠵᠠᠢ᠃ ᠪᠦᠷ ᠲᠡᠭᠦᠨ ᠢ᠋ ᠲᠠᠨᠢᠬᠤ ᠦᠭᠡᠢ ᠣᠯᠠᠨ ᠤ᠋ ᠡᠮᠦᠨ᠎ᠡ᠂ ᠲᠡᠷᠡ ᠳᠤᠮᠳᠠ ᠪᠠᠨ ᠰᠦᠢ ᠲᠠᠯᠪᠢᠭᠰᠠᠨ ᠪᠥᠷᠲᠡ ᠥᠬᠢᠨ ᠦ᠌ ᠡᠮᠦᠨ᠎ᠡ ᠠᠶᠤᠮᠠᠬᠠᠢ ᠢᠴᠢᠮᠡᠬᠡᠢ ᠪᠡᠷ ᠨᠢ ᠳᠠᠭᠤᠳᠠᠵᠤ ᠭᠤᠲᠤᠭᠠᠨ ᠳᠣᠷᠣᠮᠵᠢᠯᠠᠵᠤ ᠪᠠᠢᠬᠤ ᠰᠢᠭ᠋ ᠰᠠᠨᠠᠭᠳᠠᠭᠰᠠᠨ ᠳ᠋ᠤ᠌ ᠡᠷᠬᠡ ᠦᠭᠡᠢ ᠭᠣᠮᠣᠳᠠᠵᠠᠢ᠃ ᠡᠢᠨ ᠭᠣᠮᠣᠳᠠᠭᠰᠠᠨ ᠡᠴᠡ ᠪᠣᠯᠤᠭᠠᠳ ᠭᠡᠷ ᠲᠦ᠍ ᠦᠯᠡᠳᠡᠭᠰᠡᠨ ᠡᠬᠡ ᠥᠭᠡᠷ᠎ᠡ ᠲᠡᠢ ᠳᠡᠭᠦᠦ ᠪᠡᠭᠲᠡᠷ ᠲᠦ᠍ ᠶᠡᠬᠡᠳᠡ ᠠᠲᠠᠭᠠᠷᠬᠠᠵᠤ᠂ ᠡᠴᠢᠭᠡ ᠨᠢ ᠲᠡᠷᠡ ᠬᠥᠪᠡᠭᠦᠨ ᠳ᠋ᠡᠭᠡᠨ ᠢᠯᠡᠭᠦᠦ ᠬᠠᠢᠷᠠᠲᠠᠢ ᠶᠤᠮ ᠪᠠᠢᠨ᠎ᠠ ᠭᠡᠵᠦ ᠪᠣᠳᠣᠭᠰᠠᠨ ᠪᠢᠯᠡ᠃ ᠭᠡᠷ ᠲᠦ᠍ ᠦᠯᠡᠳᠡᠭᠰᠡᠨ ᠳᠡᠭᠦᠦ ᠨᠠᠷ ᠳᠣᠲᠣᠷ᠎ᠠ ᠡᠴᠡ ᠠᠬᠠᠮᠠᠳ ᠨᠢ ᠪᠡᠭᠲᠡᠷ ᠪᠥᠭᠡᠳ ᠲᠡᠭᠦᠨ ᠡᠴᠡ ᠶᠡᠷᠦ ᠳ᠋ᠡᠭᠡᠨ ᠭᠠᠭᠴᠠᠬᠠᠨ ᠰᠠᠷ᠎ᠠ ᠪᠠᠷ ᠳᠡᠭᠦᠦ ᠪᠠᠢᠭᠰᠠᠨ ᠨᠢ ᠢᠩᠭᠢᠵᠦ ᠪᠣᠳᠣᠬᠤ ᠳ᠋ᠤ᠌ ᠬᠦᠷᠭᠡᠪᠡ᠃ ᠭᠡᠪᠡᠴᠦ ᠲᠡᠮᠦᠵᠢᠨ ᠡᠴᠢᠭᠡ ᠳ᠋ᠡᠭᠡᠨ ᠭᠣᠮᠣᠳᠠᠨ ᠬᠣᠷᠣᠰᠴᠤ ᠪᠣᠯᠬᠤ ᠡᠰᠡᠬᠦ ᠳ᠋ᠡᠭᠡᠨ ᠡᠷᠡᠭᠡᠯᠵᠡᠭᠰᠡᠭᠡᠷ ᠪᠠᠢᠯ᠎ᠠ᠃ ᠡᠨᠡ ᠶᠠᠪᠤᠳᠠᠯ ᠲᠡᠮᠦᠵᠢᠨ ᠦ᠌ ᠡᠴᠢᠭᠡ ᠡᠬᠡ ᠬᠣᠶᠠᠷ ᠲᠠᠭᠠᠨ ᠢᠲᠡᠭᠡᠬᠦ ᠰᠡᠳᠬᠢᠯ ᠳ᠋ᠦ᠍ ᠭᠦᠨᠵᠡᠭᠡᠢ ᠥᠭᠡᠷᠡᠴᠢᠯᠡᠯᠲᠡ ᠣᠷᠣᠭᠤᠯᠵᠤ᠂ ᠠᠩᠬ᠎ᠠ ᠤᠳᠠᠭ᠎ᠠ ᠥᠪᠡᠷ ᠦ᠋ᠨ ᠢ᠋ᠶ᠋ᠡᠨ ᠬᠤᠪᠢ ᠵᠠᠶᠠᠭᠠᠨ ᠤ᠋ ᠲᠤᠬᠠᠢ ᠪᠠᠯᠴᠢᠷ ᠤᠬᠠᠭᠠᠨ ᠤ᠋ ᠪᠠᠨ ᠬᠢᠷᠢ ᠪᠡᠷ ᠡᠷᠭᠢᠴᠡᠭᠦᠯᠦᠨ ᠪᠣᠳᠣᠪᠠ᠃ ᠠᠮᠢᠳᠤᠷᠠᠵᠤ ᠳᠠᠰᠤᠭᠰᠠᠨ ᠭᠡᠷ ᠣᠷᠣᠨ ᠡᠴᠡ ᠨᠢ᠂ ᠳᠡᠭᠦᠦ ᠨᠠᠷ ᠡᠴᠡ ᠨᠢ ᠰᠠᠯᠭᠠᠵᠤ ᠬᠠᠷᠢ ᠠᠢᠮᠠᠭ ᠤ᠋ᠨ ᠲᠠᠨᠢᠬᠤ ᠦᠭᠡᠢ ᠠᠢᠯ ᠳ᠋ᠤ᠌ ᠰᠦᠢ ᠲᠠᠯᠪᠢᠬᠤ ᠨᠡᠷ᠎ᠡ ᠪᠡᠷ ᠠᠪᠴᠢᠷᠠᠵᠤ ᠣᠷᠬᠢᠭᠠᠳ ᠵᠢᠭᠤᠲᠠᠭᠠᠬᠤ ᠮᠡᠲᠦ ᠳᠠᠪᠬᠢᠨ ᠣᠳᠤᠭᠰᠠᠨ ᠡᠴᠢᠭᠡ ᠳ᠋ᠡᠭᠡᠨ ᠭᠣᠮᠣᠳᠠᠬᠤ ᠡᠴᠡ ᠥᠭᠡᠷ᠎ᠡ ᠠᠷᠭ᠎ᠠ ᠳᠠᠩᠴᠤ ᠪᠠᠢᠭᠰᠠᠨ ᠦᠭᠡᠢ᠃ ᠰᠦᠢ ᠲᠠᠯᠪᠢᠬᠤ ᠭᠡᠳᠡᠭ ᠶᠠᠭᠤ ᠪᠣᠯᠬᠤ ᠶ᠋ᠢ ᠮᠡᠳᠡᠵᠦ᠂ ᠣᠢᠯᠠᠭᠠᠵᠤ ᠪᠠᠢᠭᠰᠠᠨ ᠴᠤ᠌ ᠬᠥᠮᠦᠨ ᠦ᠌ ᠭᠡᠷ ᠲᠦ᠍ ᠭᠡᠨᠡᠳᠲᠡ ᠭᠠᠭᠴᠠᠭᠠᠷ ᠣᠷᠬᠢᠬᠤ ᠪᠣᠯᠤᠭᠰᠠᠨ ᠢ᠋ ᠨᠢ ᠵᠦᠪᠲᠡᠭᠡᠨ ᠪᠣᠳᠣᠵᠤ ᠴᠢᠳᠠᠭᠰᠠᠨ ᠦᠭᠡᠢ᠃《ᠲᠡᠮᠦᠵᠢᠨ ᠬᠥᠪᠡᠭᠦᠨ ᠳ᠋ᠡᠭᠡᠨ ᠥᠪᠡᠷ ᠦ᠋ᠨ ᠰᠠᠳᠤᠨ ᠲᠥᠷᠥᠯ ᠡᠴᠡ ᠡᠬᠡᠨᠡᠷ ᠠᠪᠴᠤ ᠥᠭᠭᠦᠨ᠎ᠡ》 ᠭᠡᠵᠦ ᠶᠢᠰᠦᠭᠡᠢ ᠡᠴᠢᠭᠡ ᠶ᠋ᠢ ᠨᠢ ᠰᠢᠪᠠᠳᠠᠭᠤᠯᠤᠭᠰᠠᠭᠠᠷ ᠪᠠᠢᠭᠰᠠᠨ ᠥᠭᠡᠯᠦᠨ ᠡᠬᠡ ᠶ᠋ᠢᠨ ᠢ᠋ᠶ᠋ᠡᠨ ᠪᠠᠢᠳᠠᠯ ᠢ᠋ ᠴᠦ᠍ ᠰᠡᠵᠢᠭᠯᠡᠨ ᠡᠷᠡᠭᠡᠯᠵᠡᠬᠦ ᠳ᠋ᠦ᠍ ᠬᠦᠷᠴᠡᠢ᠃ ᠭᠡᠨᠡᠳᠲᠡ ᠡᠴᠢᠭᠡ ᠡᠬᠡ ᠨᠢ ᠪᠦᠭᠦᠳᠡ ᠬᠤᠤᠪᠢᠯᠳᠤᠨ ᠲᠡᠮᠦᠵᠢᠨ ᠢ᠋ ᠥᠪᠡᠷ ᠦ᠋ᠨ ᠭᠡᠷ ᠡᠴᠡ ᠬᠣᠯᠠᠳᠠᠭᠤᠯᠤᠭᠰᠠᠨ ᠮᠡᠲᠦ ᠰᠠᠨᠠᠭᠳᠠᠨ᠎ᠠ᠃ ᠲᠡᠢᠮᠦ ᠪᠣᠯ ᠶᠠᠭᠠᠬᠢᠬᠤ ᠭᠡᠵᠦ᠂ ᠶᠠᠭᠤᠨ ᠤ᠋ ᠤᠴᠢᠷ ᠢᠩᠭᠢᠪᠡ ᠭᠡᠵᠦ ᠰᠢᠨᠠᠯᠤᠨ ᠭᠣᠮᠣᠳᠠᠨ ᠪᠣᠳᠣᠵᠠᠢ᠃
ᠶᠢᠰᠦᠨ ᠨᠠᠰᠤᠲᠠᠢ ᠪᠠᠯᠴᠢᠷ ᠲᠡᠮᠦᠵᠢᠨ ᠦ᠌ ᠰᠡᠳᠬᠢᠯ ᠡᠭᠦᠨ ᠡᠴᠡ ᠥᠭᠡᠷ᠎ᠡ ᠶ᠋ᠢ ᠣᠯᠵᠤ ᠣᠢᠯᠠᠭᠠᠵᠤ᠂ ᠣᠨᠴᠠᠯᠠᠵᠤ ᠪᠣᠳᠣᠵᠤ ᠴᠢᠳᠠᠭᠰᠠᠨ ᠦᠭᠡᠢ᠃ ᠴᠠᠰᠤᠨ ᠳ᠋ᠤ᠌ ᠬᠤᠴᠢᠭᠳᠠᠭᠰᠠᠨ ᠶᠡᠬᠡ ᠲᠠᠯ᠎ᠠ ᠶ᠋ᠢᠨ ᠭᠦᠨ ᠳ᠋ᠦ᠍ ᠡᠴᠢᠭᠡ ᠶ᠋ᠢᠨ ᠪᠠᠷ᠎ᠠ ᠲᠠᠰᠤᠷᠠᠨ ᠳᠠᠯᠳᠠ ᠣᠷᠣᠬᠤ ᠳ᠋ᠤ᠌ ᠣᠷᠴᠢᠯᠠᠩ ᠳ᠋ᠤ᠌ ᠴᠣᠷ ᠭᠠᠭᠴᠠᠭᠠᠷ ᠬᠠᠶᠠᠭᠳᠠᠨ ᠬᠣᠴᠣᠷᠬᠤ ᠰᠢᠭ᠋ ᠪᠣᠯᠤᠭᠠᠳ ᠲᠡᠪᠴᠢᠨ ᠪᠠᠷᠢᠭᠰᠠᠨ ᠨᠢᠯᠪᠤᠰᠤ ᠨᠢ ᠰᠤᠯᠠ ᠤᠷᠤᠰᠴᠠᠢ᠃ ᠨᠢᠯᠪᠤᠰᠤ ᠪᠠᠨ ᠲᠡᠪᠴᠢᠨ ᠪᠠᠷᠢᠬᠤ ᠴᠢᠳᠠᠯ ᠭᠡᠨᠡᠳᠲᠡᠬᠡᠨ ᠢᠩᠭᠢᠵᠦ ᠦᠭᠡᠢ ᠪᠣᠯᠳᠠᠭ ᠢ᠋ ᠲᠡᠷᠡ ᠠᠩᠬ᠎ᠠ ᠤᠳᠠᠭ᠎ᠠ ᠦᠵᠡᠭᠰᠡᠨ ᠨᠢ ᠡᠨᠡ ᠪᠠᠢᠯ᠎ᠠ᠃ ᠬᠠᠷᠢᠨ ᠲᠡᠮᠦᠵᠢᠨ ᠦ᠌ ᠰᠡᠳᠬᠢᠯ ᠦ᠋ᠨ ᠭᠦᠨ ᠳ᠋ᠡᠬᠢ ᠨᠢᠭᠤᠴᠠ ᠬᠢᠮᠤᠷᠠᠯ ᠢ᠋ ᠬᠠᠮᠤᠭ ᠡᠴᠡ ᠢᠯᠡᠭᠦᠦ᠂ ᠥᠪᠡᠷᠦᠮᠰᠡᠭ ᠢ᠋ᠶ᠋ᠡᠷ ᠣᠢᠯᠠᠭᠠᠵᠤ ᠡᠪᠡᠢᠯᠡᠨ ᠳᠡᠮᠵᠢᠭᠰᠡᠨ ᠬᠥᠮᠦᠨ ᠨᠢ ᠠᠷᠪᠠᠨ ᠨᠠᠰᠤᠲᠠᠢ ᠪᠥᠷᠲᠡ ᠥᠬᠢᠨ ᠪᠠᠢᠪᠠ᠃ ᠡᠴᠢᠭᠡ ᠶ᠋ᠢᠨ ᠢ᠋ᠶ᠋ᠡᠨ ᠬᠣᠢᠨ᠎ᠠ ᠡᠴᠡ ᠭᠦᠶᠦᠭᠰᠡᠭᠡᠷ ᠪᠠᠬᠠᠷᠳᠠᠨ ᠤᠨᠠᠭᠰᠠᠨ ᠲᠡᠮᠦᠵᠢᠨ ᠦ᠌ ᠬᠦᠢᠲᠡᠨ ᠵᠢᠪᠠᠷ ᠲᠤ᠌ ᠰᠡᠷᠪᠡᠢᠨ ᠪᠡᠭᠡᠷᠡᠭᠰᠡᠨ ᠭᠠᠷ ᠢ᠋ ᠨᠢ ᠬᠠᠯᠠᠭᠤᠨ ᠠᠮᠢᠰᠬᠤᠯ ᠢ᠋ᠶ᠋ᠠᠷ ᠢ᠋ᠶ᠋ᠠᠨ ᠦᠯᠢᠶᠡᠨ ᠳᠤᠯᠠᠭᠠᠴᠠᠭᠤᠯᠵᠤ᠂ ᠬᠠᠴᠠᠷ ᠢ᠋ ᠨᠢ ᠳᠠᠭᠠᠨ ᠤᠷᠤᠰᠴᠤ ᠬᠥᠯᠳᠡᠭᠰᠡᠨ ᠨᠢᠯᠪᠤᠰᠤ ᠶ᠋ᠢ ᠨᠢ ᠵᠥᠭᠡᠯᠡᠨ ᠳᠤᠯᠠᠭᠠᠨ ᠭᠠᠷ ᠢ᠋ᠶ᠋ᠠᠷ ᠢ᠋ᠶ᠋ᠠᠨ ᠠᠷᠴᠢᠨ ᠠᠷᠭᠠᠳᠠᠭᠰᠠᠨ ᠬᠥᠮᠦᠨ ᠪᠣᠯ ᠪᠥᠷᠲᠡ ᠶᠤᠮ᠃ ᠪᠥᠷᠲᠡ ᠥᠬᠢᠨ ᠲᠡᠮᠦᠵᠢᠨ ᠦ᠌ ᠬᠥᠯᠥᠰᠥ ᠦᠨᠦᠷᠲᠦᠭᠰᠡᠨ ᠲᠣᠯᠣᠭᠠᠢ ᠶ᠋ᠢ ᠶᠠᠭ ᠥᠭᠡᠯᠦᠨ ᠡᠬᠡ ᠰᠢᠭ ᠨᠢ ᠡᠯᠢᠭᠡᠨ ᠳ᠋ᠡᠭᠡᠨ ᠨᠠᠭᠠᠨ ᠲᠡᠪᠡᠷᠢᠨ ᠰᠠᠭᠤᠬᠤ ᠳ᠋ᠤ᠌ ᠡᠨᠳᠡ ᠢᠷᠡᠭᠰᠡᠨ ᠡᠴᠡ ᠬᠣᠢᠰᠢ ᠲᠡᠳᠡᠨ ᠦ᠌ ᠬᠣᠭᠣᠷᠣᠨᠳᠣ ᠪᠠᠢᠭᠰᠠᠨ ᠬᠢᠷᠪᠢᠰᠢᠯ᠂ ᠪᠢᠰᠢᠭᠦᠷᠬᠡᠯ ᠬᠣᠷᠣᠮᠬᠠᠨ᠎ᠠ ᠠᠷᠢᠯᠤᠨ ᠦᠭᠡᠢ ᠪᠣᠯᠬᠤ ᠶ᠋ᠢ ᠲᠡᠳᠡ ᠬᠣᠶᠠᠭᠤᠯᠠ ᠮᠡᠳᠡᠷᠡᠵᠡᠢ᠃ ᠣᠳᠣ ᠡᠨᠡ ᠬᠠᠷᠢ ᠡᠯᠢᠭᠡ ᠶ᠋ᠢᠨ ᠲᠠᠨᠢᠬᠤ ᠦᠭᠡᠢ ᠬᠥᠮᠦᠰ ᠦ᠋ᠨ ᠳᠤᠮᠳᠠ ᠰᠡᠳᠬᠢᠯ ᠦ᠋ᠨ ᠬᠠᠨᠢ ᠪᠣᠯᠬᠤ ᠭᠠᠭᠴᠠ ᠬᠥᠮᠦᠨ ᠨᠢ ᠪᠥᠷᠲᠡ ᠪᠣᠯᠬᠤ ᠶ᠋ᠢ ᠲᠡᠮᠦᠵᠢᠨ ᠢᠩᠭᠢᠵᠦ ᠵᠢᠷᠦᠬᠡᠨ ᠦ᠌ ᠤᠭ ᠡᠴᠡ ᠮᠡᠳᠡᠷᠡᠭᠰᠡᠨ ᠪᠢᠯᠡ᠃ ᠡᠨᠡ ᠮᠥᠴᠡ ᠡᠴᠡ ᠬᠣᠢᠰᠢ ᠪᠥᠷᠲᠡ ᠳ᠋ᠦ᠍ ᠬᠠᠨᠳᠤᠬᠤ ᠡᠢᠮᠦ ᠰᠡᠳᠬᠢᠯ ᠲᠡᠮᠦᠵᠢᠨ ᠦ᠌ ᠳᠣᠲᠣᠷ᠎ᠠ ᠡᠭᠦᠷᠢᠳᠡ ᠰᠠᠯᠬᠤ ᠦᠭᠡᠢ ᠪᠡᠷ ᠬᠠᠳᠠᠭᠳᠠᠨ ᠦᠯᠡᠳᠡᠭᠰᠡᠨ ᠶᠤᠮ᠃ ᠭᠡᠪᠡᠴᠦ ᠲᠡᠷᠡ ᠴᠠᠭ ᠲᠤ᠌ ᠲᠡᠳᠡᠨ ᠳ᠋ᠦ᠍ ᠮᠡᠳᠡᠬᠦ ᠦᠭᠡᠢ᠂ ᠣᠢᠯᠠᠭᠠᠬᠤ ᠦᠭᠡᠢ ᠵᠦᠢᠯᠡᠰ ᠳᠠᠩᠴᠤ ᠣᠯᠠᠨ ᠪᠠᠢᠵᠠᠢ᠃ ᠶᠢᠰᠦᠭᠡᠢ ᠡᠴᠢᠭᠡ ᠨᠢ ᠰᠦᠢ ᠲᠠᠯᠪᠢᠵᠤ ᠬᠥᠪᠡᠭᠦᠨ ᠢ᠋ᠶ᠋ᠡᠨ ᠡᠷᠲᠡᠨ ᠦ᠌ ᠶᠣᠰᠣᠭᠠᠷ ᠬᠣᠲᠠ ᠶ᠋ᠢᠨ ᠢ᠋ᠶ᠋ᠡᠨ ᠭᠡᠷ ᠲᠦ᠍ ᠦᠯᠡᠳᠡᠭᠡᠨ ᠶᠠᠪᠤᠭᠠᠳ ᠵᠠᠮ ᠵᠠᠭᠤᠷ᠎ᠠ ᠲᠠᠲ᠋ᠠᠷ ᠲᠤ᠌ ᠬᠣᠣᠷᠯᠠᠭᠳᠠᠨ ᠦᠬᠦᠭᠰᠡᠨ ᠨᠢ ᠲᠡᠮᠦᠵᠢᠨ ᠢ᠋ ᠪᠥᠷᠲᠡ ᠳ᠋ᠦ᠍ ᠳᠠᠭᠠᠭᠠᠯᠭᠠᠭᠠᠳ ᠣᠳᠤᠭᠰᠠᠨ ᠮᠡᠲᠦ᠂ ᠪᠦᠷ ᠬᠤᠪᠢ ᠲᠠᠪᠢᠯᠠᠩ ᠤ᠋ᠨ ᠤᠴᠠᠷᠠᠯ ᠲᠣᠬᠢᠶᠠᠯ ᠢ᠋ ᠤᠷᠢᠳᠴᠢᠯᠠᠨ ᠳᠠᠭᠠᠵᠤ ᠮᠡᠳᠡᠭᠡᠳ ᠨᠢᠭᠡᠨᠲᠡ ᠠᠮᠢᠰᠬᠤᠯ ᠤ᠋ᠨ ᠲᠣᠭ᠎ᠠ ᠭᠦᠢᠴᠡᠭᠰᠡᠨ ᠲᠤᠯᠠ ᠨᠢᠯᠬ᠎ᠠ ᠬᠥᠪᠡᠭᠦᠨ ᠢ᠋ᠶ᠋ᠡᠨ ᠣᠰᠣᠯ ᠠᠶᠤᠯ ᠡᠴᠡ ᠵᠠᠢᠯᠠᠭᠤᠯᠤᠨ ᠬᠣᠯᠠᠳᠠᠭᠤᠯᠵᠤ᠂ ᠬᠠᠮᠢᠭ᠎ᠠ ᠬᠣᠯᠠ ᠶ᠋ᠢᠨ ᠬᠣᠩᠭᠢᠷᠠᠳ ᠠᠢᠮᠠᠭ ᠲᠤ᠌ ᠠᠪᠠᠴᠢᠵᠤ ᠣᠷᠬᠢᠬᠤ ᠭᠡᠵᠦ ᠶᠠᠭᠠᠷᠠᠨ ᠳᠣᠪᠲᠣᠯᠭᠠᠭᠰᠠᠨ ᠮᠡᠲᠦ ᠬᠣᠵᠢᠮ ᠨᠢ ᠲᠡᠮᠦᠵᠢᠨ ᠳ᠋ᠦ᠍ ᠰᠠᠨᠠᠭᠳᠠᠳᠠᠭ ᠪᠠᠢᠪᠠ᠃ ᠡᠴᠢᠭᠡ ᠶ᠋ᠢᠨ ᠢ᠋ᠶ᠋ᠡᠨ ᠬᠥᠰᠢᠵᠦ᠂ ᠬᠥᠬᠡᠷᠡᠭᠰᠡᠨ ᠱᠠᠷᠢᠯ ᠤ᠋ᠨ ᠳᠡᠷᠭᠡᠳᠡ ᠰᠠᠭᠤᠵᠤ ᠪᠠᠢᠬᠤ ᠳ᠋ᠠᠭᠠᠨ ᠲᠡᠮᠦᠵᠢᠨ ᠵᠠᠷᠢᠮ ᠨᠢᠭᠡ ᠵᠦᠢᠯ ᠦ᠋ᠨ ᠤᠴᠢᠷ ᠢ᠋ ᠪᠦᠦᠷ ᠲᠦᠦᠷ ᠭᠠᠳᠠᠷᠯᠠᠵᠤ ᠡᠬᠢᠯᠡᠵᠡᠢ᠃ ᠠᠮᠢᠳᠤᠷᠠᠯ ᠤ᠋ᠨ ᠡᠯᠳᠡᠪ ᠤᠴᠠᠷᠠᠯ ᠲᠣᠬᠢᠶᠠᠯ ᠤ᠋ᠨ ᠴᠠᠭᠠᠳᠤ ᠨᠠᠭᠠᠳᠤ ᠤᠴᠢᠷ ᠢ᠋ ᠤᠬᠠᠵᠤ ᠳᠠᠭᠠᠬᠤ ᠶ᠋ᠢᠨ ᠠᠷᠭ᠎ᠠ ᠦᠭᠡᠢ ᠴᠦ᠍ ᠲᠡᠮᠦᠵᠢᠨ ᠪᠥᠷᠲᠡ ᠲᠡᠢ ᠤᠴᠠᠷᠠᠭᠰᠠᠨ ᠢ᠋ᠶ᠋ᠠᠨ ᠵᠢᠷ ᠦ᠋ᠨ ᠶᠠᠪᠤᠳᠠᠯ᠂ ᠬᠤᠪᠢ ᠲᠠᠪᠢᠯᠠᠩ ᠢ᠋ᠶ᠋ᠠᠷ ᠤᠴᠠᠷᠠᠭᠰᠠᠨ ᠡᠬᠡᠨᠡᠷ ᠨᠥᠬᠥᠷ ᠦ᠋ᠨ ᠪᠠᠢᠳᠠᠭ ᠯᠠ ᠨᠢᠭᠡ ᠬᠡᠯᠬᠢᠶ᠎ᠡ ᠬᠣᠯᠪᠣᠭ᠎ᠠ ᠭᠡᠵᠦ ᠣᠭᠲᠣ ᠣᠢᠯᠠᠭᠠᠳᠠᠭ ᠦᠭᠡᠢ ᠪᠢᠯᠡ᠃ ᠶᠠᠮᠠᠷ ᠲᠠᠢ ᠴᠤ᠌ ᠭᠤᠸ᠎ᠠ ᠦᠵᠡᠮᠵᠢ ᠲᠡᠭᠦᠰ ᠪᠥᠷᠲᠡ ᠪᠦᠰᠡᠭᠦᠢ ᠶᠢᠰᠦᠭᠡᠢ ᠡᠴᠢᠭᠡ ᠶ᠋ᠢᠨ ᠬᠢᠨᠢ ᠠᠮᠢ ᠨᠠᠰᠤᠨ ᠤ᠋ ᠦᠨᠡᠲᠡᠢ ᠶ᠋ᠢ ᠮᠠᠷᠲᠠᠬᠤ ᠶ᠋ᠢᠨ ᠠᠷᠭ᠎ᠠ ᠦᠭᠡᠢ᠃᠃ ᠲᠡᠢᠮᠦ ᠤᠴᠢᠷ ᠡᠴᠡ ᠪᠥᠷᠲᠡ ᠶ᠋ᠢ ᠮᠡᠷᠭᠢᠳ ᠡᠴᠡ ᠪᠤᠴᠠᠭᠠᠵᠤ ᠪᠤᠯᠢᠶᠠᠨ ᠠᠪᠬᠤ ᠨᠢ ᠵᠦᠭᠡᠷ ᠨᠢᠭᠡ ᠡᠷ᠎ᠡ ᠬᠥᠮᠦᠨ ᠦ᠌ ᠨᠡᠷ᠎ᠡ ᠲᠥᠷᠥ ᠶ᠋ᠢᠨ ᠬᠡᠷᠡᠭ ᠲᠡᠳᠦᠢ ᠪᠢᠰᠢ ᠶᠤᠮ᠃ ᠡᠨᠡ ᠪᠣᠯ ᠲᠡᠮᠦᠵᠢᠨ ᠦ᠌ ᠬᠤᠪᠢ ᠳ᠋ᠤ᠌ ᠬᠡᠨ ᠪᠣᠯᠬᠤ ᠪᠠᠨ ᠬᠠᠷᠠᠭᠤᠯᠬᠤ᠂ ᠦᠬᠦᠯ ᠦᠷᠭᠦᠯᠵᠢ ᠬᠠᠲᠠᠪᠴᠢ᠂ ᠬᠠᠶᠠᠭᠠᠨ ᠳ᠋ᠤ᠌ ᠤᠭᠲᠤᠨ ᠵᠣᠭᠰᠣᠵᠤ ᠪᠠᠢᠬᠤ ᠠᠶᠤᠮᠰᠢᠭᠲᠤ ᠠᠮᠢᠳᠤᠷᠠᠯ ᠳ᠋ᠤ᠌ ᠲᠡᠰᠴᠦ ᠦᠯᠡᠳᠡᠬᠦ᠂ ᠥᠪᠡᠷ ᠦ᠋ᠨ ᠦᠷ᠎ᠡ ᠤᠳᠤᠮ ᠢ᠋ ᠦᠷᠭᠦᠯᠵᠢᠯᠡᠭᠦᠯᠵᠦ ᠶᠢᠰᠦᠭᠡᠢ ᠡᠴᠢᠭᠡ ᠶ᠋ᠢᠨ ᠢ᠋ᠶ᠋ᠡᠨ ᠠᠯᠳᠠᠭᠰᠠᠨ ᠨᠡᠷ᠎ᠡ ᠲᠥᠷᠥ᠂ ᠠᠢᠮᠠᠭ ᠤᠯᠤᠰ ᠢ᠋ ᠡᠷᠭᠢᠭᠦᠯᠦᠨ ᠠᠪᠬᠤ ᠶᠡᠬᠡ ᠲᠡᠮᠡᠴᠡᠯ ᠦ᠋ᠨ ᠡᠬᠢ ᠪᠠᠢᠯ᠎ᠠ᠃
ᠠᠷᠪᠠᠨ ᠨᠠᠢ᠍ᠮᠠᠨ ᠨᠠᠰᠤ ᠬᠦᠷᠦᠮᠡᠭᠴᠡ ᠪᠡᠨ ᠪᠥᠷᠲᠡ ᠶ᠋ᠢ ᠡᠴᠢᠭᠡ ᠶ᠋ᠢᠨ ᠬᠢᠨᠢ ᠭᠡᠷ ᠡᠴᠡ ᠠᠪᠴᠢᠷᠠᠵᠤ ᠥᠪᠡᠷ ᠦ᠋ᠨ ᠡᠷᠦᠬᠡ ᠪᠦᠯᠢ ᠪᠡᠨ ᠡᠭᠦᠰᠬᠡᠭᠰᠡᠨ ᠨᠢ ᠡᠵᠡᠨ ᠦᠭᠡᠢ ᠮᠡᠲᠦ ᠪᠣᠯᠤᠭᠰᠠᠨ ᠶᠢᠰᠦᠭᠡᠢ ᠶ᠋ᠢᠨ ᠤᠳᠤᠮ ᠤ᠋ᠨ ᠬᠤᠪᠢ ᠳ᠋ᠤ᠌ ᠳᠠᠬᠢᠨ ᠰᠡᠷᠭᠦᠬᠦ᠂ ᠲᠠᠷᠠᠵᠤ ᠣᠳᠤᠭᠰᠠᠨ ᠠᠯᠪᠠᠲᠤ ᠢᠷᠭᠡᠳ ᠦ᠋ᠨ ᠢ᠋ᠶ᠋ᠡᠨ ᠳᠤᠮᠳᠠ ᠨᠡᠷ᠎ᠡ ᠬᠦᠨᠳᠦ ᠪᠡᠨ ᠰᠡᠷᠭᠦᠭᠡᠬᠦ ᠴᠣᠷᠢ ᠶ᠋ᠢᠨ ᠭᠠᠭᠴᠠ ᠪᠣᠯᠤᠮᠵᠢ ᠪᠠᠢᠯ᠎ᠠ᠃ ᠤᠴᠢᠷ ᠨᠢ ᠶᠢᠰᠦᠭᠡᠢ ᠶ᠋ᠢᠨ ᠤᠳᠤᠮ ᠥᠰᠴᠦ ᠥᠨᠳᠡᠢᠨ ᠬᠦᠴᠦᠷᠬᠡᠭᠵᠢᠬᠦ ᠶ᠋ᠢ ᠪᠢᠲᠡᠭᠦᠦ ᠳ᠋ᠡᠭᠡᠨ ᠬᠦᠰᠡᠵᠦ ᠪᠠᠢᠭᠰᠠᠨ ᠣᠯᠠᠨ ᠣᠲᠣᠭ ᠣᠪᠣᠭ ᠪᠣᠷᠵᠢᠭᠢᠨ ᠠᠢᠮᠠᠭ ᠤ᠋ᠨ ᠢ᠋ᠶ᠋ᠠᠨ ᠳᠣᠲᠣᠷ᠎ᠠ ᠪᠠᠢᠭ᠎ᠠ ᠶ᠋ᠢ ᠲᠡᠮᠦᠵᠢᠨ ᠮᠡᠳᠡᠨ᠎ᠡ᠃ ᠭᠡᠪᠡᠴᠦ ᠲᠡᠭᠦᠨ ᠦ᠌ ᠨᠠᠰᠤ ᠪᠠᠭ᠎ᠠ᠂ ᠥᠪᠡᠷ ᠦ᠋ᠨ ᠬᠤᠷᠠᠮᠳᠤᠭᠤᠯᠤᠭᠰᠠᠨ ᠬᠦᠴᠦ ᠪᠠᠶᠠᠯᠢᠭ ᠦᠭᠡᠢ ᠪᠠᠢᠭᠰᠠᠨ ᠨᠢ ᠪᠦᠬᠦᠨ ᠳ᠋ᠦ᠍ ᠰᠠᠭᠠᠳ ᠪᠣᠯᠵᠤ ᠬᠥᠮᠦᠰ ᠢ᠋ ᠳᠠᠭᠠᠭᠤᠯᠤᠨ ᠮᠠᠩᠯᠠᠢᠯᠠᠬᠤ ᠲᠠᠢ ᠮᠠᠨᠠᠲᠠᠢ᠂ ᠭᠠᠭᠴᠠ ᠬᠦ᠌ ᠰᠠᠨᠠᠮᠰᠠᠷ ᠦᠭᠡᠢ ᠲᠠᠭᠠᠷᠠᠭᠰᠠᠨ ᠮᠠᠯ ᠤ᠋ᠨ ᠬᠤᠯᠠᠭᠠᠢᠴᠢ᠂ ᠡᠰᠡᠪᠡᠯ ᠡᠴᠢᠭᠡ ᠶ᠋ᠢᠨ ᠢ᠋ᠶ᠋ᠡᠨ ᠬᠠᠭᠤᠴᠢᠨ ᠦᠰᠲᠡᠨ ᠨᠦ᠍ᠭᠦᠳ ᠲᠦ᠍ ᠠᠯᠠᠭᠤᠯᠴᠢᠬᠠᠬᠤ ᠦᠭᠡᠢ ᠠᠮᠢ ᠪᠠᠨ ᠬᠠᠮᠠᠭᠠᠯᠠᠬᠤ ᠨᠢ ᠭᠣᠣᠯ ᠪᠠᠢᠭᠰᠠᠨ ᠪᠢᠯᠡ᠃
ᠪᠠᠶᠠᠨ ᠴᠢᠨᠡᠭᠡᠯᠢᠭ ᠬᠣᠩᠭᠢᠷᠠᠳ ᠠᠢᠮᠠᠭ ᠤ᠋ᠨ ᠨᠡᠷᠡᠲᠡᠢ ᠵᠢᠰᠦᠲᠡᠢ ᠬᠥᠮᠦᠨ ᠦ᠌ ᠨᠢᠭᠡ ᠳ᠋ᠠᠢ ᠰᠡᠴᠡᠨ ᠦ᠌ ᠥᠬᠢᠨ ᠬᠠᠲᠤᠨ ᠪᠥᠷᠲᠡ ᠶ᠋ᠢ ᠲᠡᠮᠦᠵᠢᠨ ᠭᠡᠷᠭᠡᠢ ᠪᠣᠯᠭᠠᠨ ᠠᠪᠤᠭᠰᠠᠨ ᠲᠤᠬᠠᠢ ᠮᠡᠳᠡᠭᠡ ᠲᠠᠯ᠎ᠠ ᠨᠤᠲᠤᠭ ᠢ᠋ᠶ᠋ᠠᠷ ᠰᠠᠯᠬᠢ ᠠᠳᠠᠯᠢ ᠬᠤᠷᠳᠤᠨ ᠲᠠᠷᠬᠠᠭᠰᠠᠨ ᠨᠢ ᠶᠢᠰᠦᠭᠡᠢ ᠶ᠋ᠢᠨ ᠠᠯᠪᠠᠲᠤ ᠨᠤᠭᠤᠳ ᠡᠷᠭᠢᠨ ᠢᠷᠡᠬᠦ ᠰᠢᠯᠲᠠᠭ᠂ ᠰᠠᠨᠠᠭᠠᠷᠬᠠᠯ ᠢ᠋ ᠪᠣᠢ ᠪᠣᠯᠭᠠᠭᠰᠠᠨ ᠴᠤ᠌ ᠡᠨᠡ ᠨᠢ ᠵᠠᠷᠢᠮ ᠬᠥᠮᠦᠨ ᠳ᠋ᠦ᠍ ᠬᠠᠭᠤᠴᠢᠨ ᠴᠠᠭ ᠤ᠋ᠨ ᠦᠰ ᠬᠣᠨᠵᠢᠩ ᠢ᠋ ᠰᠡᠷᠭᠦᠭᠡᠨ ᠰᠠᠨᠠᠭᠤᠯᠤᠭᠰᠠᠨ ᠶᠠᠪᠤᠳᠠᠯ ᠪᠣᠯᠵᠠᠢ᠃ ᠡᠢᠮᠦ ᠡᠴᠡ ᠴᠦ᠍ ᠲᠡᠮᠦᠵᠢᠨ᠂ ᠪᠥᠷᠲᠡ ᠬᠣᠶᠠᠷ ᠤ᠋ᠨ ᠵᠢᠷᠭᠠᠯᠠᠩᠲᠤ ᠠᠮᠢᠳᠤᠷᠠᠯ ᠬᠡᠳᠦᠬᠡᠨ ᠰᠠᠷ᠎ᠠ ᠶ᠋ᠢᠨ ᠨᠠᠰᠤᠲᠠᠢ ᠪᠠᠢᠯ᠎ᠠ᠃ ᠲᠡᠮᠦᠵᠢᠨ ᠦ᠌ ᠨᠢᠯᠬ᠎ᠠ ᠡᠮᠵᠡᠭ ᠭᠡᠷ ᠪᠦᠯᠢ᠂ ᠨᠡᠷ᠎ᠡ ᠲᠥᠷᠥ ᠶ᠋ᠢ ᠪᠠᠷᠠᠳᠠᠭᠰᠠᠨ ᠡᠬᠢᠨ ᠦ᠌ ᠨᠡᠭᠦᠳᠡᠯ ᠢᠷᠡᠭᠡᠳ ᠪᠠᠷᠤᠭ ᠲᠥᠪᠬᠢᠨᠡᠵᠦ ᠠᠮᠵᠢᠭ᠎ᠠ ᠦᠭᠡᠢ ᠪᠠᠢᠬᠤ ᠳ᠋ᠤ᠌ ᠲᠣᠭᠲᠠᠭ᠎ᠠ ᠪᠡᠬᠢ ᠶ᠋ᠢᠨ ᠲᠣᠯᠣᠭᠠᠢᠯᠠᠭᠰᠠᠨ ᠮᠡᠷᠭᠢᠳ ᠠᠢᠮᠠᠭ ᠤ᠋ᠨ ᠭᠤᠷᠪᠠᠨ ᠵᠠᠭᠤᠨ ᠴᠡᠷᠢᠭ ᠭᠡᠨᠡᠳᠲᠡ ᠳᠣᠪᠲᠣᠯᠤᠨ ᠢᠷᠡᠵᠦ ᠦᠵᠡᠰᠬᠦᠯᠡᠩᠲᠦ ᠵᠠᠯᠠᠭᠤ ᠡᠬᠡᠨᠡᠷ ᠪᠥᠷᠲᠡ ᠶ᠋ᠢ ᠨᠢ ᠪᠤᠯᠢᠶᠠᠨ ᠣᠳᠪᠠ᠃ ᠡᠨᠡ ᠦᠶ᠎ᠡ ᠳ᠋ᠦ᠍ ᠡᠰᠡᠷᠭᠦᠴᠡᠬᠦ ᠶᠠᠮᠠᠷ ᠴᠤ᠌ ᠬᠦᠴᠦ ᠥᠬᠡᠢ ᠪᠠᠢᠭᠰᠠᠨ ᠲᠡᠮᠦᠵᠢᠨ ᠵᠥᠪᠬᠡᠨ ᠥᠪᠡᠷ ᠦ᠋ᠨ ᠬᠠᠷ᠎ᠠ ᠠᠮᠢ ᠶ᠋ᠢ ᠬᠤᠤᠬᠠᠢᠯᠠᠨ ᠭᠤᠲᠤᠮᠰᠢᠭᠲᠠᠢ ᠪᠠᠷ ᠵᠢᠭᠤᠲᠠᠭᠠᠬᠤ ᠡᠴᠡ ᠥᠭᠡᠷ᠎ᠡ ᠠᠷᠭ᠎ᠠ ᠪᠠᠢᠭᠰᠠᠨ ᠦᠭᠡᠢ᠃ ᠪᠥᠷᠲᠡ ᠶ᠋ᠢ ᠪᠤᠯᠢᠶᠠᠭᠰᠠᠨ ᠨᠢ ᠮᠡᠷᠭᠢᠳ ᠦ᠋ᠳ ᠦ᠋ᠨ ᠬᠤᠪᠢ ᠳ᠋ᠤ᠌ ᠤᠷᠢᠳ ᠥᠭᠡᠯᠦᠨ ᠢ᠋ ᠶᠢᠰᠦᠭᠡᠢ ᠳ᠋ᠦ᠍ ᠪᠤᠯᠢᠶᠠᠯᠭᠠᠭᠰᠠᠨ ᠤ᠋ ᠥᠰᠢᠶ᠎ᠡ ᠶ᠋ᠢ ᠠᠪᠤᠭᠰᠠᠨ ᠬᠡᠷᠡᠭ ᠪᠠᠢᠭᠰᠠᠨ ᠪᠣᠯ ᠲᠡᠮᠦᠵᠢᠨ ᠦ᠌ ᠬᠤᠪᠢ ᠳ᠋ᠤ᠌ ᠪᠥᠷᠲᠡ ᠶ᠋ᠢ ᠠᠯᠳᠠᠭᠰᠠᠨ ᠨᠢ ᠡᠴᠢᠭᠡ ᠶ᠋ᠢ ᠪᠡᠨ ᠬᠣᠣᠷᠯᠠᠭᠤᠯᠤᠭᠰᠠᠨ ᠲᠠᠢ ᠳ᠋ᠤᠢᠬᠦᠢᠴᠡ (ᠲᠡᠩᠴᠡᠬᠦ) ᠬᠦᠨᠳᠦ ᠴᠣᠬᠢᠯᠲᠠ ᠂ ᠰᠦᠢᠷᠡᠯ ᠪᠠᠢᠯ᠎ᠠ᠃ ᠮᠡᠷᠭᠢᠳ ᠦ᠋ᠨ ᠶᠡᠬᠡ ᠴᠢᠯᠡᠳᠦ ᠶ᠋ᠢᠨ ᠶᠣᠰᠣᠯᠠᠵᠤ ᠠᠪᠤᠭᠰᠠᠨ ᠡᠮ᠎ᠡ ᠥᠭᠡᠯᠦᠨ ᠢ᠋ ᠨᠢᠭᠡᠨ ᠴᠠᠭ ᠲᠤ᠌ ᠶᠢᠰᠦᠭᠡᠢ ᠪᠤᠯᠢᠶᠠᠨ ᠠᠪᠤᠭᠰᠠᠨ ᠤ᠋ ᠡᠰᠡ ᠮᠠᠷᠲᠠᠭᠳᠠᠬᠤ ᠦᠰ ᠬᠤᠨᠵᠢᠩ ᠬᠣᠵᠢᠮ ᠢᠩᠭᠢᠵᠦ ᠲᠡᠮᠦᠵᠢᠨ ᠦ᠌ ᠬᠠᠮᠤᠭ ᠵᠣᠪᠠᠯᠠᠩ ᠤ᠋ᠨ ᠡᠬᠢ ᠪᠣᠯᠪᠠ᠃ ᠪᠥᠷᠲᠡ ᠪᠣᠯ ᠲᠡᠮᠦᠵᠢᠨ ᠦ᠌ ᠬᠤᠪᠢ ᠳ᠋ᠤ᠌ ᠭᠡᠷ ᠪᠦᠯᠢ ᠶ᠋ᠢᠨ ᠬᠢᠨ ᠦ᠌ ᠪᠡᠨ ᠳᠤᠮᠳᠠ ᠲᠣᠯᠣᠭᠠᠢᠯᠠᠭᠴᠢ ᠨᠢ ᠪᠠᠢᠬᠤ ᠶ᠋ᠢᠨ ᠭᠣᠣᠯ ᠪᠠᠲᠤᠯᠠᠭ᠎ᠠ ᠪᠠᠢᠭᠰᠠᠨ ᠢ᠋ ᠲᠡᠷᠡ ᠭᠡᠨᠡᠳᠲᠡ ᠤᠬᠠᠭᠠᠷᠠᠵᠠᠢ ᠃ ᠪᠠᠰᠠ ᠵᠠᠨᠤᠯᠲᠤ ᠮᠡᠷᠭᠢᠳ ᠦ᠋ᠳ ᠡᠴᠡ ᠪᠥᠷᠲᠡ ᠶ᠋ᠢ ᠳᠠᠷᠤᠢ ᠡᠷᠭᠢᠭᠦᠯᠦᠨ ᠪᠤᠯᠢᠶᠠᠵᠤ ᠠᠪᠬᠤ ᠨᠢ ᠵᠥᠪᠬᠡᠨ ᠲᠡᠳᠡᠨ ᠦ᠌ ᠭᠡᠷ ᠪᠦᠯᠢ ᠶ᠋ᠢᠨ ᠴᠦ᠍ ᠪᠢᠰᠢ᠂ ᠶᠡᠷᠦ ᠡᠴᠡ ᠪᠡᠨ ᠪᠣᠷᠵᠢᠭᠢᠨ ᠠᠢᠮᠠᠭ ᠤ᠋ᠨ ᠨᠡᠷ᠎ᠡ ᠲᠥᠷᠥ᠂ ᠬᠤᠪᠢ ᠵᠠᠶᠠᠭᠠᠨ ᠤ᠋ ᠬᠡᠷᠡᠭ ᠪᠣᠯᠤᠭᠰᠠᠨ ᠢ᠋ ᠲᠡᠮᠦᠵᠢᠨ ᠮᠡᠳᠡᠷᠡᠵᠦ᠂ ᠡᠨᠡ ᠬᠡᠷᠡᠭ ᠶᠠᠪᠤᠳᠠᠯ ᠳ᠋ᠤ᠌ ᠶᠠᠭᠠᠬᠢᠵᠤ ᠬᠠᠨᠳᠤᠬᠤ᠂ ᠶᠠᠭᠤ ᠬᠢᠬᠦ ᠶᠣᠰᠣᠲᠠᠢ ᠪᠠᠨ ᠰᠠᠢᠨ᠂ ᠲᠤᠩᠭᠠᠨ ᠪᠣᠳᠣᠵᠤ ᠰᠢᠢᠳᠬᠦ ᠭᠡᠵᠦ ᠤᠷᠤᠯᠳᠤᠵᠤ ᠪᠠᠢᠪᠠ᠃ ᠭᠡᠪᠡᠴᠦ ᠪᠣᠳᠣᠭᠠᠳ ᠪᠣᠳᠣᠭᠠᠳ ᠪᠤᠲᠠ ᠶ᠋ᠢᠨ ᠰᠢᠭᠢᠷ᠎ᠡ ᠳᠥᠷᠪᠡ ᠭᠡᠭᠴᠢ ᠪᠡᠷ ᠳᠠᠭᠠᠭᠤᠯᠵᠤ ᠮᠣᠷᠳᠠᠬᠤ ᠴᠡᠷᠢᠭ ᠦᠭᠡᠢ᠂ ᠳᠠᠭᠤᠳᠠᠭᠠᠳ ᠢᠷᠡᠬᠦ ᠨᠥᠬᠥᠳ ᠦᠭᠡᠢ ᠪᠣᠯᠬᠣᠷ ᠰᠠᠨᠠᠭᠰᠠᠨ ᠢ᠋ᠶ᠋ᠠᠨ ᠭᠦᠢᠴᠡᠯᠳᠦᠭᠦᠯᠬᠦ ᠶᠠᠮᠠᠷ ᠴᠤ᠌ ᠠᠷᠭ᠎ᠠ ᠦᠭᠡᠢ ᠪᠣᠯᠵᠤ ᠮᠤᠬᠤᠷᠳᠠᠨ᠎ᠠ᠃ ᠲᠡᠮᠦᠵᠢᠨ ᠳ᠋ᠦ᠍ ᠬᠡᠳᠦᠨ ᠪᠠᠯᠴᠢᠷ ᠳᠡᠭᠦᠦ᠂ ᠪᠤᠭᠤᠷᠴᠢ ᠵᠡᠯᠮ᠎ᠡ ᠬᠣᠶᠠᠷ ᠡᠴᠡ ᠥᠭᠡᠷ᠎ᠡ ᠬᠠᠨᠢ ᠪᠠᠢᠭᠰᠠᠨ ᠦᠭᠡᠢ᠃ ᠪᠠᠰᠠ ᠭᠠᠭᠴᠠ ᠴᠢᠳᠠᠬᠤ ᠶᠠᠭᠤᠮ᠎ᠠ ᠨᠢ ᠵᠢᠭᠤᠲᠠᠭᠠᠬᠤ᠂ ᠨᠢᠭᠤᠭᠳᠠᠬᠤ ᠯᠠ ᠪᠠᠢᠯ᠎ᠠ᠃ ᠲᠡᠮᠦᠵᠢᠨ ᠦ᠌ ᠡᠨᠡ ᠠᠷᠭ᠎ᠠ ᠪᠠᠷᠠᠭᠳᠠᠭᠰᠠᠨ ᠪᠠᠢᠳᠠᠯ ᠭᠠᠳᠠᠨ᠎ᠠ ᠡᠴᠡ ᠨᠢ ᠬᠠᠷᠠᠬᠤ ᠳ᠋ᠤ᠌ ᠪᠥᠷᠲᠡ ᠶ᠋ᠢ ᠮᠡᠷᠭᠢᠳ ᠲᠦ᠍ ᠠᠯᠳᠠᠭᠰᠠᠨ ᠳ᠋ᠠᠭᠠᠨ ᠣᠭᠲᠣ ᠬᠠᠷᠠᠮᠰᠠᠬᠤ ᠦᠭᠡᠢ᠂ ᠪᠦᠷ ᠲᠡᠭᠦᠨ ᠢ᠋ ᠪᠤᠴᠠᠭᠠᠨ ᠠᠪᠬᠤ ᠰᠠᠨᠠᠭ᠎ᠠ ᠦᠭᠡᠢ ᠮᠡᠲᠦ ᠰᠡᠳᠬᠢᠭᠳᠡᠯ ᠲᠥᠷᠥᠭᠦᠯᠦᠨ ᠳᠡᠭᠦᠦ ᠨᠠᠷ ᠢ᠋ ᠨᠢ ᠪᠤᠬᠢᠨᠢᠳᠤᠭᠤᠯᠵᠤ᠂ ᠲᠡᠷᠡ ᠪᠦᠦ ᠬᠡᠯᠡ ᠬᠡᠵᠢᠶᠡᠳᠡ ᠲᠠᠢᠪᠤᠩ ᠲᠣᠭᠲᠠᠭᠤᠨ ᠵᠠᠩ ᠲᠠᠢ ᠪᠠᠢᠳᠠᠭ ᠪᠤᠭᠤᠷᠴᠢ ᠶ᠋ᠢ ᠬᠦᠷᠲᠡᠯ᠎ᠡ ᠭᠠᠢᠬᠠᠰᠢᠷᠠᠭᠤᠯᠵᠠᠢ᠃ ᠨᠡᠩ ᠢᠯᠠᠩᠭᠤᠶ᠎ᠠ ᠨᠢᠭᠡᠨᠲᠡ ᠡᠷ᠎ᠡ ᠶ᠋ᠢᠨ ᠴᠡᠭᠡᠯ ᠳ᠋ᠦ᠍ ᠬᠦᠷᠴᠦ ᠬᠠᠷᠪᠤᠬᠤ᠂ ᠴᠠᠪᠴᠢᠬᠤ ᠨᠢ ᠬᠥᠮᠦᠨ ᠡᠴᠡ ᠳᠤᠲᠠᠬᠤ ᠦᠭᠡᠢ ᠪᠣᠯᠤᠭᠰᠠᠨ᠂ ᠪᠢᠷ᠎ᠠ ᠲᠠᠢ ᠪᠠᠶᠠᠷᠬᠦᠦ ᠬᠠᠰᠠᠷ ᠪᠡᠯᠭᠦᠳᠡᠢ ᠬᠣᠶᠠᠷ ᠮᠡᠷᠭᠢᠳ ᠢ᠋ ᠰᠠᠮ ᠳᠣᠪᠲᠣᠯᠵᠤ ᠪᠥᠷᠲᠡ ᠶ᠋ᠢ ᠬᠤᠯᠠᠭᠠᠢᠯᠠᠨ ᠠᠪᠬᠤ ᠶ᠋ᠢ ᠱᠠᠭᠠᠷᠳᠠᠵᠤ ᠪᠠᠢᠯ᠎ᠠ᠃
ᠦᠨᠡᠬᠡᠷ ᠴᠦ᠍ ᠢᠩᠭᠢᠵᠦ ᠪᠣᠯᠬᠤ ᠪᠠᠢᠪᠠ᠃ ᠳᠡᠭᠦᠦ ᠨᠠᠷ ᠪᠣᠯᠤᠭᠠᠳ ᠪᠣᠭᠤᠷᠴᠢ᠂ ᠵᠡᠯᠮ᠎ᠡ ᠪᠦᠭᠦᠳᠡ ᠬᠦᠴᠦ ᠬᠠᠪᠰᠤᠷᠪᠠᠯ ᠪᠥᠷᠲᠡ ᠶ᠋ᠢ ᠬᠤᠯᠠᠭᠠᠢᠯᠠᠨ ᠠᠪᠴᠤ ᠴᠢᠳᠠᠬᠤ ᠪᠢᠯᠡ᠃ ᠭᠡᠪᠡᠴᠦ ᠲᠦᠷ ᠵᠠᠭᠤᠷ᠎ᠠ ᠶ᠋ᠢᠨ ᠬᠥᠭᠡᠷᠦᠯ᠂ ᠨᠡᠷ᠎ᠡ ᠲᠥᠷᠥ ᠶ᠋ᠢᠨ ᠠᠰᠢᠭ ᠤ᠋ᠨ ᠲᠥᠯᠥᠭᠡ ᠬᠥᠭᠡᠷᠦᠬᠦᠢ ᠭᠡᠷ ᠪᠦᠯᠢ ᠪᠡᠨ ᠰᠦᠢᠷᠡᠭᠦᠯᠬᠦ ᠶ᠋ᠢ ᠲᠡᠮᠦᠵᠢᠨ ᠬᠦᠰᠡᠬᠦ ᠦᠭᠡᠢ ᠪᠠᠢᠪᠠ᠃ ᠤᠴᠢᠷ ᠨᠢ ᠪᠥᠷᠲᠡ ᠶ᠋ᠢ ᠪᠤᠯᠢᠶᠠᠨ ᠠᠪᠤᠭᠰᠠᠨ ᠨᠢ ᠮᠡᠷᠭᠢᠳ ᠢ᠋ ᠲᠦᠷ ᠵᠠᠭᠤᠷ᠎ᠠ ᠲᠠᠢᠪᠤᠰᠢᠷᠠᠭᠤᠯᠤᠭᠰᠠᠨ ᠪᠣᠯᠬᠤ ᠡᠴᠡ ᠲᠡᠳᠡ ᠲᠡᠮᠦᠵᠢᠨ ᠢ᠋ ᠠᠯᠠᠬᠤ ᠡᠴᠡ ᠨᠠᠭᠠᠰᠢ ᠰᠠᠨᠠᠭ᠎ᠠ ᠨᠢ ᠠᠮᠠᠷᠠᠬᠤ ᠦᠭᠡᠢ ᠭᠡᠳᠡᠭ ᠢ᠋ ᠲᠡᠷᠡ ᠰᠠᠢᠨ ᠣᠢᠯᠠᠭᠠᠵᠤ ᠪᠠᠢᠯ᠎ᠠ᠃ ᠲᠡᠢᠮᠦ ᠪᠣᠯᠬᠣᠷ ᠣᠳᠣ ᠪᠥᠷᠲᠡ ᠶ᠋ᠢ ᠪᠤᠯᠢᠶᠠᠨ ᠠᠪᠬᠤ ᠡᠴᠡ ᠢᠯᠡᠭᠦᠦ ᠥᠪᠡᠷ ᠦ᠋ᠨ ᠠᠮᠢ ᠶ᠋ᠢ ᠬᠠᠮᠠᠭᠠᠯᠠᠨ ᠬᠠᠢᠷᠠᠯᠠᠬᠤ ᠶᠣᠰᠣᠲᠠᠢ ᠭᠡᠵᠦ ᠲᠡᠮᠦᠵᠢᠨ ᠪᠣᠳᠣᠵᠠᠢ᠃ ᠪᠥᠷᠲᠡ ᠶ᠋ᠢ ᠪᠤᠯᠢᠶᠠᠵᠤ ᠬᠤᠯᠠᠭᠠᠢᠯᠠᠨ ᠠᠪᠤᠯ᠎ᠠ ᠭᠡᠬᠦ ᠳ᠋ᠦ᠍ ᠮᠡᠷᠭᠢᠳ ᠦ᠋ᠳ ᠪᠦᠷ ᠶᠡᠬᠡ ᠬᠦᠴᠦ ᠪᠡᠷ ᠳᠣᠪᠲᠣᠯᠤᠨ ᠢᠷᠡᠵᠦ ᠲᠡᠳᠡᠨ ᠢ᠋ ᠬᠦᠢᠰᠦ ᠲᠡᠮᠲᠡᠷᠢᠬᠦ ᠨᠢ ᠥᠷᠯᠥᠭᠡ ᠪᠣᠯᠵᠤ ᠨᠠᠷᠠ ᠮᠠᠨᠳᠤᠬᠤ ᠲᠠᠢ ᠠᠳᠠᠯᠢ ᠲᠣᠳᠣᠷᠬᠠᠢ ᠬᠡᠷᠡᠭ ᠶᠤᠮ᠃ ᠮᠡᠷᠭᠢᠳ ᠦ᠋ᠨ ᠴᠡᠷᠢᠭ ᠦ᠋ᠳ ᠡᠴᠡ ᠵᠢᠭᠤᠲᠠᠭᠠᠬᠤ ᠭᠠᠵᠠᠷ᠂ ᠡᠰᠡᠷᠭᠦᠴᠡᠬᠦ ᠬᠦᠴᠦ ᠲᠡᠮᠦᠵᠢᠨ ᠳ᠋ᠦ᠍ ᠪᠠᠢᠬᠤ ᠦᠭᠡᠢ ᠲᠤᠯᠠ ᠥᠪᠡᠷ ᠦ᠋ᠨ ᠪᠣᠯᠤᠭᠠᠳ ᠡᠬᠡ᠂ ᠳᠡᠭᠦᠦ ᠨᠠᠷ ᠤ᠋ᠨ ᠢ᠋ᠶ᠋ᠠᠨ ᠠᠮᠢ ᠶ᠋ᠢ ᠠᠪᠤᠷᠠᠬᠤ ᠶ᠋ᠢᠨ ᠲᠤᠯᠠᠳᠠ ᠭᠠᠰᠢᠭᠤᠨ ᠴᠤ᠌ ᠭᠡᠯᠡ ᠬᠤᠪᠢ ᠲᠠᠪᠢᠯᠠᠩ ᠲᠠᠢ ᠪᠠᠨ ᠡᠪᠯᠡᠷᠡᠨ ᠨᠢᠭᠡ ᠬᠡᠰᠡᠭ ᠲᠡᠭᠡᠨ ᠪᠥᠷᠲᠡ ᠶ᠋ᠢ ᠵᠦᠩ ᠳ᠋ᠦ᠍ᠨᠢ ᠣᠷᠬᠢᠬᠤ ᠶᠣᠰᠣᠲᠠᠢ ᠪᠠᠢᠯ᠎ᠠ᠃
ᠲᠡᠮᠦᠵᠢᠨ ᠦ᠌ ᠰᠡᠳᠬᠢᠯ ᠦ᠋ᠨ ᠭᠦᠨ ᠳ᠋ᠡᠬᠢ ᠡᠨᠡ ᠰᠢᠨᠠᠯᠤᠯ ᠢ᠋ ᠬᠡᠨ ᠴᠦ᠍ ᠣᠢᠯᠠᠭᠠᠵᠤ ᠮᠡᠳᠡᠷᠡᠬᠦ ᠦᠭᠡᠢ ᠪᠢᠵᠡ ᠠ᠋᠃ ᠬᠠᠢᠷᠠᠲᠠᠢ ᠪᠥᠷᠲᠡ ᠶ᠋ᠢ ᠪᠡᠨ ᠬᠦᠴᠦᠨ ᠮᠡᠬᠦᠰᠳᠡᠨ ᠪᠤᠯᠢᠶᠠᠯᠭᠠᠭᠰᠠᠨ ᠨᠢ ᠥᠨᠥᠴᠢᠨ᠂ ᠶᠠᠳᠠᠭᠤ ᠠᠮᠢᠳᠤᠷᠠᠯ ᠳ᠋ᠠᠭᠠᠨ ᠲᠡᠭᠦᠨ ᠦ᠌ ᠠᠮᠰᠠᠭᠰᠠᠨ ᠬᠠᠮᠤᠭ ᠤ᠋ᠨ ᠠᠶᠤᠮᠰᠢᠭᠲᠠᠢ ᠳᠣᠷᠣᠮᠵᠢᠯᠠᠯ᠂ ᠬᠦᠨᠳᠦ ᠴᠣᠬᠢᠯᠲᠠ ᠪᠠᠢᠯ᠎ᠠ᠃ ᠶᠢᠰᠦᠭᠡᠢ ᠡᠴᠢᠭᠡ ᠶ᠋ᠢᠨ ᠬᠢᠨᠢ ᠥᠰᠢᠶ᠎ᠡ ᠶ᠋ᠢ ᠮᠡᠷᠭᠢᠳ ᠦ᠋ᠳ ᠲᠡᠭᠦᠨ ᠡᠴᠡ ᠢᠩᠭᠢᠵᠦ ᠨᠡᠬᠡᠨ᠎ᠡ ᠭᠡᠵᠦ ᠲᠡᠮᠦᠵᠢᠨ ᠳᠠᠩᠴᠤ ᠰᠠᠨᠠᠭ᠎ᠠ ᠦᠭᠡᠢ ᠪᠢᠯᠡ᠃ ᠠᠮᠢᠳᠤᠷᠠᠯ ᠥᠪᠡᠷ ᠦ᠋ᠨ ᠬᠠᠲᠠᠭᠤ ᠬᠠᠷᠭᠢᠰ ᠬᠠᠤᠯᠢ ᠲᠠᠢ ᠪᠣᠯᠬᠤ ᠶ᠋ᠢ᠂ ᠬᠦᠰᠡᠭᠰᠡᠨ ᠬᠦᠰᠡᠭᠡ ᠦᠭᠡᠢ ᠲᠡᠷᠡ ᠵᠢᠮ᠎ᠡ ᠶ᠋ᠢ ᠳᠠᠭᠠᠬᠤ ᠶᠣᠰᠣᠲᠠᠢ ᠭᠡᠳᠡᠭ ᠢ᠋ ᠲᠡᠮᠦᠵᠢᠨ ᠡᠢᠨ ᠬᠦ᠌ ᠡᠷᠲᠡ ᠣᠢᠯᠠᠭᠠᠵᠤ ᠠᠪᠴᠠᠢ᠃ ᠲᠡᠢᠮᠦ ᠪᠣᠯᠬᠣᠷ ᠬᠠᠮᠤᠭ ᠤ᠋ᠨ ᠵᠥᠪ ᠰᠢᠢᠳᠪᠦᠷᠢ ᠣᠯᠬᠤ ᠶ᠋ᠢ ᠲᠡᠷᠡ ᠬᠢᠴᠢᠶᠡᠵᠦ ᠪᠠᠢᠯ᠎ᠠ᠃ ᠪᠠᠰᠠ ᠡᠬᠡ᠂ ᠳᠡᠭᠦᠦ ᠨᠠᠷ ᠤ᠋ᠨ ᠬᠢᠨᠢ ᠠᠮᠢ ᠠᠮᠢᠳᠤᠷᠠᠯ ᠲᠡᠭᠦᠨ ᠲᠡᠢ ᠰᠠᠯᠤᠰᠢ ᠦᠭᠡᠢ ᠬᠣᠯᠪᠣᠭ᠎ᠠ ᠲᠠᠢ ᠪᠣᠯᠬᠤ ᠶ᠋ᠢ ᠴᠦ᠍ ᠤᠬᠠᠭᠠᠷᠠᠵᠠᠢ᠃ ᠡᠢᠨ ᠬᠦ᠌ ᠨᠥᠬᠥᠴᠡᠯ ᠪᠠᠢᠳᠠᠯ ᠨᠢ ᠳᠠᠭᠠᠵᠤ ᠮᠡᠳᠡᠬᠦ ᠶ᠋ᠢᠨ ᠠᠷᠭ᠎ᠠ ᠦᠭᠡᠢ ᠬᠤᠷᠳᠤᠨ ᠢ᠋ᠶ᠋ᠠᠷ ᠥᠭᠡᠷᠡᠴᠢᠯᠡᠭᠳᠡᠭᠰᠡᠭᠡᠷ ᠪᠠᠢᠯ᠎ᠠ᠃
ᠮᠡᠷᠭᠢᠳ ᠢ᠋ ᠤᠷᠤᠯᠳᠤᠵᠤ ᠲᠡᠳᠡᠨ ᠢ᠋ ᠴᠠᠭ ᠪᠤᠰᠤ ᠪᠠᠷ ᠬᠢᠯᠢᠩᠨᠡᠭᠦᠯᠬᠦ ᠨᠢ ᠶᠠᠭ ᠣᠳᠣᠬᠠᠨ ᠳ᠋ᠠᠭᠠᠨ ᠠᠮᠢ ᠪᠠᠨ ᠬᠣᠣᠷᠯᠠᠭᠰᠠᠨ ᠲᠠᠢ ᠠᠳᠠᠯᠢ ᠬᠡᠷᠡᠭ ᠪᠣᠯᠬᠤ ᠶᠤᠮ᠃ ᠪᠥᠷᠲᠡ ᠶ᠋ᠢ ᠪᠤᠯᠢᠶᠠᠨ ᠠᠪᠬᠤ ᠪᠠᠷ ᠨᠢᠭᠡᠨᠲᠡ ᠯᠡ ᠵᠣᠷᠢᠭᠯᠠᠪᠠᠯ ᠮᠡᠷᠭᠢᠳ ᠢ᠋ ᠳᠠᠬᠢᠨ ᠳᠣᠪᠲᠣᠯᠬᠤ ᠦᠭᠡᠢ ᠪᠣᠯᠲᠠᠯ᠎ᠠ ᠨᠢ ᠰᠥᠨᠥᠭᠡᠬᠦ ᠬᠡᠷᠡᠭᠲᠡᠢ ᠪᠠᠢᠪᠠ᠃ ᠢᠩᠭᠢᠬᠦ ᠨᠢ ᠪᠥᠷᠲᠡ ᠶ᠋ᠢ ᠠᠪᠤᠷᠠᠭᠠᠳ ᠵᠣᠭᠰᠣᠬᠤ ᠦᠭᠡᠢ᠂ ᠪᠠᠰᠠ ᠥᠪᠡᠷ ᠦ᠋ᠨ ᠢ᠋ᠶ᠋ᠡᠨ ᠠᠢᠮᠠᠭ ᠢ᠋ ᠴᠦ᠍ ᠬᠠᠮᠠᠭᠠᠯᠠᠬᠤ ᠪᠣᠯᠤᠨ᠎ᠠ᠃ ᠭᠡᠪᠡᠴᠦ ᠲᠡᠢᠮᠦ ᠬᠦᠴᠦ ᠪᠣᠯᠤᠮᠵᠢ ᠵᠠᠯᠠᠭᠤ ᠲᠡᠮᠦᠵᠢᠨ ᠳ᠋ᠦ᠍ ᠳᠠᠩᠴᠤ ᠪᠠᠢᠭᠰᠠᠨ ᠦᠭᠡᠢ᠃ ᠬᠠᠷᠢᠨ ᠲᠡᠭᠦᠨ ᠳ᠋ᠦ᠍ ᠨᠢᠭᠡᠨ ᠪᠣᠳᠣᠯ ᠪᠠᠢᠭᠰᠠᠨ ᠪᠢᠯᠡ᠃ ᠵᠥᠪ ᠡᠰᠡᠬᠦ᠂ ᠪᠠᠰᠠ ᠪᠦᠲᠦᠬᠦ ᠡᠰᠡᠬᠦ ᠨᠢ ᠲᠣᠳᠣᠷᠬᠠᠢ ᠦᠭᠡᠢ ᠴᠦ᠍ ᠲᠡᠭᠦᠨ ᠳ᠋ᠦ᠍ ᠡᠭᠦᠨ ᠡᠴᠡ ᠣᠨᠣᠪᠴᠢᠲᠠᠢ ᠠᠷᠭ᠎ᠠ ᠪᠠᠢᠭᠰᠠᠨ ᠦᠭᠡᠢ᠃ ᠡᠨᠡ ᠪᠣᠯ ᠪᠥᠷᠲᠡ ᠶ᠋ᠢ ᠪᠤᠯᠢᠶᠠᠯᠭᠠᠭᠰᠠᠨ ᠢ᠋ᠶ᠋ᠠᠷ ᠰᠢᠯᠲᠠᠭᠯᠠᠨ ᠮᠡᠷᠭᠢᠳ ᠦ᠋ᠨ ᠡᠰᠡᠷᠭᠦ ᠬᠡᠨ ᠨᠢᠭᠡᠨ ᠲᠡᠢ ᠬᠦᠴᠦ ᠬᠠᠪᠰᠤᠷᠤᠨ ᠳᠣᠪᠲᠣᠯᠬᠤ ᠲᠤᠬᠠᠢ ᠰᠠᠨᠠᠭ᠎ᠠ ᠶᠤᠮ᠃ ᠴᠣᠬᠣᠮ ᠬᠡᠨ ᠲᠡᠭᠦᠨ ᠳ᠋ᠦ᠍ ᠲᠤᠰᠠᠯᠠᠵᠤ ᠪᠣᠯᠬᠤ ᠶ᠋ᠢ ᠣᠯᠬᠤ ᠭᠡᠵᠦ ᠲᠡᠷᠡ ᠶᠡᠬᠡ ᠤᠳᠠᠭᠠᠨ ᠪᠣᠳᠣᠭᠰᠠᠨ ᠪᠢᠯᠡ᠃
ᠶᠢᠰᠦᠭᠡᠢ ᠡᠴᠢᠭᠡ ᠶ᠋ᠢᠨ ᠬᠠᠭᠤᠴᠢᠨ ᠠᠨᠳᠠ ᠬᠡᠷᠡᠢᠳ ᠠᠢᠮᠠᠭ ᠤ᠋ᠨ ᠬᠠᠨ ᠲᠤᠭᠤᠷᠢᠯ ᠢ᠋ ᠮᠡᠷᠭᠢᠳ ᠠᠢᠮᠠᠭ ᠤ᠋ᠨ ᠡᠰᠡᠷᠭᠦ ᠬᠥᠳᠡᠯᠭᠡᠬᠦ ᠭᠣᠣᠯ ᠰᠠᠨᠠᠭ᠎ᠠ ᠲᠡᠮᠦᠵᠢᠨ ᠦ᠌ ᠳᠣᠲᠣᠷ᠎ᠠ ᠪᠣᠯᠪᠠᠰᠤᠷᠠᠭᠠᠳ ᠤᠳᠠᠵᠠᠢ᠃ ᠪᠥᠷᠲᠡ ᠶ᠋ᠢᠨ ᠢᠨᠵᠢᠨ ᠳ᠋ᠦ᠍ ᠢᠷᠡᠭᠰᠡᠨ ᠪᠤᠯᠠᠭᠠᠨ ᠳᠠᠬᠤ ᠶ᠋ᠢ ᠬᠤᠷᠢᠮ ᠤ᠋ᠨ ᠢ᠋ᠶ᠋ᠠᠨ ᠳᠠᠷᠠᠭ᠎ᠠ ᠲᠤᠭᠤᠷᠢᠯ ᠳ᠋ᠤ᠌ ᠠᠪᠠᠴᠢᠵᠤ ᠪᠡᠯᠡᠭᠯᠡᠬᠦ ᠳ᠋ᠡᠭᠡᠨ ᠬᠣᠵᠢᠮ ᠡᠨᠡ ᠲᠤᠬᠠᠢ ᠶᠠᠷᠢᠶ᠎ᠠ ᠥᠷᠨᠢᠭᠦᠯᠬᠦ ᠰᠢᠯᠲᠠᠭ ᠪᠣᠯᠬᠤ ᠶᠤᠮ ᠭᠡᠵᠦ ᠲᠡᠮᠦᠵᠢᠨ ᠲᠡᠷᠡ ᠦᠶ᠎ᠡ ᠳ᠋ᠡᠭᠡᠨ ᠰᠠᠨᠠᠭᠰᠠᠨ ᠦᠭᠡᠢ ᠪᠢᠯᠡ᠃ ᠥᠪᠡᠷ ᠦ᠋ᠨ ᠬᠤᠷᠢᠮ᠂ ᠭᠡᠷ ᠪᠦᠯᠢ ᠶ᠋ᠢᠨ ᠨᠡᠷ᠎ᠡ ᠬᠦᠨᠳᠦ ᠶ᠋ᠢ ᠡᠷᠭᠦᠬᠦ᠂ ᠪᠠᠰᠠ ᠣᠯᠠᠨ ᠳ᠋ᠤ᠌ ᠮᠡᠳᠡᠭᠦᠯᠬᠦ᠂ ᠬᠠᠭᠤᠴᠢᠨ ᠨᠠᠢᠷ ᠲᠠᠢ ᠬᠠᠷᠢᠯᠴᠠᠭ᠎ᠠ ᠬᠢᠭᠡᠳ ᠶᠢᠰᠦᠭᠡᠢ ᠡᠴᠢᠭᠡ ᠶ᠋ᠢᠨ ᠬᠦᠷᠭᠡᠭᠰᠡᠨ ᠲᠤᠰᠠ ᠶ᠋ᠢ ᠰᠠᠨᠠᠭᠤᠯᠬᠤ ᠭᠡᠰᠡᠨ ᠥᠭᠡᠯᠦᠨ ᠡᠬᠡ ᠶ᠋ᠢᠨ ᠤᠬᠠᠭᠠᠨ᠂ ᠵᠢᠭᠠᠪᠤᠷᠢ ᠪᠠᠷ ᠲᠤᠤᠯᠠ ᠶ᠋ᠢᠨ ᠬᠠᠷ᠎ᠠ ᠰᠢᠭᠤᠢ ᠳ᠋ᠤ᠌ ᠪᠠᠢᠬᠤ ᠲᠣᠭᠣᠷᠢᠯ ᠤ᠋ᠨ ᠦᠷᠭᠦᠭᠡᠨ ᠳ᠋ᠦ᠍ ᠲᠡᠮᠦᠵᠢᠨ ᠣᠴᠢᠭᠰᠠᠨ ᠶᠤᠮ᠃ ᠬᠠᠷᠢᠨ ᠲᠤᠭᠤᠷᠢᠯ ᠬᠠᠨ ᠬᠠᠭᠤᠴᠢᠨ ᠠᠨᠳᠠ ᠶᠢᠰᠦᠭᠡᠢ ᠶ᠋ᠢᠨ ᠬᠥᠪᠡᠭᠦᠨ ᠲᠡᠮᠦᠵᠢᠨ ᠢ᠋ ᠥᠭᠭᠢᠶᠡᠮᠦᠷ ᠰᠡᠳᠬᠢᠯ ᠢ᠋ᠶ᠋ᠡᠷ ᠤᠭᠲᠤᠵᠤ ᠥᠴᠦᠬᠡᠨ ᠪᠡᠯᠡᠭ ᠢ᠋ ᠨᠢ ᠴᠢᠮᠠᠯᠠᠯ ᠦᠭᠡᠢ ᠠᠪᠤᠭᠰᠠᠨ ᠨᠢ ᠲᠡᠭᠦᠨ ᠢ᠋ ᠬᠥᠮᠦᠨ ᠰᠠᠢᠲᠠᠢ ᠭᠡᠵᠦ᠂ ᠪᠠᠰᠠ ᠴᠤ᠌ ᠶᠢᠰᠦᠭᠡᠢ ᠶ᠋ᠢᠨ ᠲᠤᠰᠠ ᠶ᠋ᠢ ᠮᠠᠷᠲᠠᠭ᠎ᠠ ᠦᠭᠡᠢ ᠭᠡᠳᠡᠭ ᠢ᠋ ᠪᠠᠲᠤᠯᠠᠭᠰᠠᠨ ᠪᠢᠯᠡ᠃ ᠲᠡᠮᠦᠵᠢᠨ ᠡᠨᠡ ᠪᠦᠭᠦᠳᠡ ᠶ᠋ᠢ ᠣᠯᠠᠨᠲᠠ ᠡᠷᠭᠢᠴᠡᠭᠦᠯᠦᠨ ᠪᠣᠳᠣᠭᠰᠠᠨ ᠴᠤ᠌ ᠲᠤᠭᠤᠷᠢᠯ ᠤ᠋ᠨ ᠬᠦᠷᠢᠶᠡᠨ ᠳ᠋ᠦ᠍ ᠳᠠᠬᠢᠨ ᠣᠴᠢᠵᠤ ᠲᠡᠭᠦᠨ ᠡᠴᠡ ᠲᠤᠰᠠᠯᠠᠮᠵᠢ ᠭᠤᠶᠤᠬᠤ ᠡᠰᠡᠬᠦ ᠪᠡᠨ ᠰᠢᠢᠳᠴᠦ ᠴᠢᠳᠠᠭ᠎ᠠ ᠦᠭᠡᠢ ᠡᠷᠡᠭᠡᠯᠵᠡᠭᠰᠡᠭᠡᠷ ᠪᠠᠢᠯ᠎ᠠ᠃
ᠭᠡᠪᠡᠴᠦ ᠲᠡᠮᠦᠵᠢᠨ ᠦ᠌ ᠡᠨᠡ ᠡᠷᠡᠭᠡᠯᠵᠡᠭᠡ ᠶ᠋ᠢ ᠲᠠᠢᠯᠬᠤ ᠭᠡᠵᠦ ᠲᠩᠷᠢ ᠲᠡᠭᠦᠨ ᠳ᠋ᠦ᠍ ᠡᠯᠴᠢ ᠪᠡᠨ ᠢᠯᠡᠭᠡᠵᠡᠢ᠃ ᠵᠡᠭᠦᠳᠦ ᠮᠡᠲᠦ ᠭᠡᠨᠡᠳᠲᠡ ᠭᠠᠷᠴᠤ ᠢᠷᠡᠭᠡᠳ ᠪᠠᠰᠠ ᠮᠠᠨᠠᠨ ᠮᠡᠲᠦ ᠬᠣᠷᠣᠮ ᠤ᠋ᠨ ᠳᠣᠲᠣᠷ᠎ᠠ ᠰᠠᠷᠨᠢᠨ ᠦᠭᠡᠢ ᠪᠣᠯᠤᠭᠰᠠᠨ ᠲᠡᠷᠡ ᠬᠥᠮᠦᠨ ᠢ᠋ ᠭᠠᠭᠴᠠ ᠲᠡᠮᠦᠵᠢᠨ ᠪᠢᠰᠢ ᠬᠠᠰᠠᠷ᠂ᠪᠤᠭᠤᠷᠴᠢ ᠂ ᠵᠠᠯᠮ᠎ᠠ ᠪᠦᠭᠦᠳᠡ ᠬᠠᠷᠠᠵᠤ ᠲᠡᠭᠦᠨ ᠦ᠌《ᠲᠡᠮᠦᠵᠢᠨ》 ᠭᠡᠵᠦ ᠲᠣᠳᠣ ᠳᠠᠭᠤᠳᠠᠬᠤ ᠶ᠋ᠢ ᠰᠣᠨᠣᠰᠴᠠᠭᠠᠭᠰᠠᠨ ᠪᠢᠯᠡ᠃ ᠪᠦᠷ ᠲᠡᠷᠡ ᠲᠩᠷᠢ ᠶ᠋ᠢᠨ ᠡᠯᠴᠢ ᠶ᠋ᠢᠨ ᠬᠦᠯᠦᠭᠯᠡᠵᠦ ᠶᠠᠪᠤᠭᠰᠠᠨ ᠮᠤᠬᠤᠯᠠᠭ ᠲᠡᠷᠭᠡ᠂ ᠤᠨᠤᠭ᠎ᠠ ᠮᠣᠷᠢᠳ ᠲᠡᠳᠡᠨ ᠢ᠋ ᠨᠢᠳᠦᠨ ᠦ᠌ ᠡᠮᠦᠨ᠎ᠡ ᠬᠠᠷᠠᠭᠰᠠᠭᠠᠷ ᠪᠠᠢᠲᠠᠯ᠎ᠠ ᠠᠯᠠᠭ᠎ᠠ ᠪᠣᠯᠵᠤ᠂ ᠪᠠᠭᠤᠷᠢᠨ ᠳᠡᠭᠡᠷ᠎ᠡ ᠨᠢ ᠠᠳᠤᠭᠤᠨ ᠤ᠋ ᠰᠢᠨ᠎ᠡ ᠬᠣᠮᠣᠯ᠂ ᠭᠠᠯ ᠤ᠋ᠨ ᠬᠠᠯᠠᠭᠤᠨ ᠦᠨᠡᠰᠦ᠂ ᠴᠣᠭ ᠦᠯᠡᠳᠡᠭᠰᠡᠨ ᠢ᠋ ᠪᠠᠷᠢᠵᠤ ᠦᠵᠡᠭᠰᠡᠨ ᠪᠣᠯᠬᠣᠷ ᠢᠲᠡᠭᠡᠬᠦ ᠡᠴᠡ ᠥᠭᠡᠷ᠎ᠡ ᠵᠠᠮ ᠦᠯᠡᠳᠡᠭᠰᠡᠨ ᠦᠭᠡᠢ᠃ ᠡᠬᠢᠯᠡᠭᠡᠳ ᠲᠡᠳᠡ ᠡᠨᠡ ᠬᠠᠴᠢᠷᠬᠠᠯᠲᠠᠢ ᠶᠠᠪᠤᠳᠠᠯ ᠳ᠋ᠤ᠌ ᠴᠣᠴᠢᠷᠳᠠᠵᠤ ᠠᠯᠮᠠᠢᠷᠠᠭᠠᠳ ᠬᠡᠷᠬᠢᠬᠦ ᠤᠴᠢᠷ ᠢ᠋ᠶ᠋ᠠᠨ ᠴᠤ᠌ ᠣᠯᠤᠭᠰᠠᠨ ᠦᠭᠡᠢ᠃ ᠴᠡᠩᠬᠡᠷ ᠦ᠋ᠨ ᠭᠣᠣᠯ ᠢ᠋ ᠥᠭᠰᠥᠨ ᠭᠡᠨᠡᠳᠲᠡ ᠭᠠᠷᠴᠤ ᠢᠷᠡᠭᠰᠡᠨ ᠲᠡᠷᠡ ᠪᠠᠭ ᠢᠷᠭᠡᠨ ᠢ᠋ ᠰᠠᠮ ᠳᠣᠪᠲᠣᠯᠤᠨ ᠠᠭᠲᠠ ᠮᠣᠷᠢᠳ ᠢ᠋ ᠨᠢ ᠪᠤᠯᠢᠶᠠᠨ ᠠᠪᠬᠤ ᠪᠠᠷ ᠰᠠᠨᠠᠭᠠᠷᠬᠠᠨ ᠰᠥᠨᠢ ᠬᠦᠷᠴᠦ ᠣᠴᠢᠭᠰᠠᠨ ᠨᠢ ᠡᠴᠦᠰ ᠲᠡᠭᠡᠨ ᠲᠡᠮᠦᠵᠢᠨ ᠲᠩᠷᠢ ᠶ᠋ᠢᠨ ᠡᠯᠴᠢ ᠲᠡᠢ ᠠᠭᠤᠯᠵᠠᠭᠰᠠᠨ ᠢ᠋ᠶ᠋ᠠᠷ ᠰᠢᠪᠲᠤᠷᠴᠡᠢ᠃
ᠦᠯᠢᠭᠡᠷ ᠲᠦ᠍ ᠭᠠᠷᠳᠠᠭ ᠰᠢᠭ᠋ ᠬᠠᠷᠠᠭᠰᠠᠭᠠᠷ ᠪᠠᠢᠲᠠᠯ᠎ᠠ ᠠᠯᠠᠭ᠎ᠠ ᠪᠣᠯᠤᠭᠰᠠᠨ ᠲᠡᠳᠡᠨ ᠦ᠌ ᠪᠠᠭᠤᠷᠢᠨ ᠳᠡᠭᠡᠷ᠎ᠡ ᠭᠠᠢᠬᠠᠨ ᠵᠣᠭᠰᠣᠵᠤ ᠪᠠᠢᠬᠤ ᠳ᠋ᠠᠭᠠᠨ ᠶᠠᠭᠠᠬᠢᠬᠤ ᠠᠷᠭ᠎ᠠ ᠦᠭᠡᠢ ᠲᠡᠷᠡ ᠬᠥᠮᠦᠨ ᠲᠡᠢ ᠠᠭᠤᠯᠵᠠᠵᠤ ᠦᠭᠡ ᠰᠣᠯᠢᠭᠰᠠᠨ ᠪᠣᠯᠬᠣᠷ ᠨᠢ ᠲᠡᠮᠦᠵᠢᠨ ᠡᠴᠡ ᠬᠡᠨ ᠲᠡᠢ ᠠᠭᠤᠯᠵᠠᠭᠰᠠᠨ ᠢ᠋ ᠠᠰᠠᠭᠤᠬᠤ ᠳ᠋ᠤ᠌ ᠬᠦᠷᠭᠡᠵᠡᠢ᠃ ᠲᠡᠮᠦᠵᠢᠨ ᠬᠡᠰᠡᠭ ᠵᠠᠭᠤᠷ᠎ᠠ ᠳᠠᠭᠤ ᠦᠭᠡᠢ ᠵᠣᠭᠰᠣᠭᠠᠳ《ᠲᠡᠷᠡ ᠲᠩᠷᠢ ᠶ᠋ᠢᠨ ᠡᠯᠴᠢ ᠶᠤᠮ》 ᠭᠡᠵᠦ ᠰᠢᠪᠡᠨᠡᠵᠡᠢ᠃ ᠨᠥᠬᠥᠳ ᠨᠢ ᠲᠡᠮᠦᠵᠢᠨ ᠦ᠌ ᠡᠨᠡ ᠦᠭᠡᠨ ᠳ᠋ᠦ᠍ ᠢᠲᠡᠭᠡᠬᠦ ᠡᠴᠡ ᠥᠭᠡᠷ᠎ᠡ ᠵᠠᠮ ᠪᠠᠢᠭᠰᠠᠨ ᠦᠭᠡᠢ᠃ ᠲᠩᠷᠢ ᠶ᠋ᠢᠨ ᠡᠯᠴᠢ ᠡᠴᠡ ᠥᠭᠡᠷ᠎ᠡ ᠬᠡᠨ ᠢᠩᠭᠢᠵᠦ ᠬᠠᠷᠠᠬᠤ ᠶ᠋ᠢᠨ ᠬᠣᠭᠣᠷᠣᠨᠳᠣ ᠮᠥᠷ ᠦᠭᠡᠢ ᠠᠯᠠᠭ᠎ᠠ ᠪᠣᠯᠵᠤ ᠴᠢᠳᠠᠬᠤ ᠪᠢᠯᠡ᠃ ᠲᠩᠷᠢ ᠶ᠋ᠢᠨ ᠡᠯᠴᠢ ᠲᠡᠮᠦᠵᠢᠨ ᠳ᠋ᠦ᠍ ᠶᠠᠭᠤ ᠭᠡᠵᠦ ᠬᠡᠯᠡᠭᠰᠡᠨ ᠢ᠋ ᠬᠡᠨ ᠴᠦ᠍ ᠵᠢᠷᠦᠬᠡᠯᠡᠵᠦ ᠠᠰᠠᠭᠤᠭᠰᠠᠨ ᠦᠭᠡᠢ᠃ ᠲᠡᠮᠦᠵᠢᠨ ᠴᠦ᠍ ᠡᠨᠡ ᠲᠤᠬᠠᠢ ᠳᠤᠷᠠᠳᠴᠤ ᠬᠡᠯᠡᠭᠰᠡᠨ ᠦᠭᠡᠢ ᠣᠯᠠᠨ ᠬᠣᠨᠣᠭ ᠪᠣᠳᠣᠯ ᠳ᠋ᠤ᠌ ᠠᠪᠲᠠᠵᠠᠢ᠃ ᠲᠡᠮᠦᠵᠢᠨ ᠦ᠌ ᠬᠠᠷ᠎ᠠ ᠪᠠᠭ᠎ᠠ ᠡᠴᠡ ᠪᠠᠨ ᠲᠩᠷᠢ ᠳ᠋ᠦ᠍ ᠮᠥᠷᠭᠥᠳᠡᠭ ᠪᠠᠢᠭᠰᠠᠨ ᠨᠢ ᠣᠭᠲᠣ ᠣᠷᠣ ᠦᠭᠡᠢ ᠬᠣᠭᠣᠰᠣᠨ ᠬᠡᠷᠡᠭ ᠪᠢᠰᠢ ᠪᠣᠯᠬᠤ ᠶ᠋ᠢ ᠬᠠᠰᠠᠷ ᠰᠠᠶᠢ ᠯᠠ ᠨᠢᠭᠡ ᠣᠢᠯᠠᠭᠠᠪᠠ᠃ ᠵᠠᠷᠤᠴᠠ ᠮᠡᠩᠯᠢᠭ ᠦ᠋ᠨ ᠰᠣᠯᠢᠶ᠎ᠠ ᠲᠠᠢ ᠬᠥᠪᠡᠭᠦᠨ ᠬᠥᠭᠡᠴᠦ ᠶ᠋ᠢ ᠳᠠᠭᠤᠷᠢᠶᠠᠨ ᠲᠩᠷᠢ ᠳ᠋ᠦ᠍ ᠮᠥᠷᠭᠥᠬᠦ ᠪᠣᠯᠤᠭᠰᠠᠨ ᠲᠡᠮᠦᠵᠢᠨ ᠢ᠋ ᠲᠡᠷᠡ ᠢᠯᠡ ᠳᠠᠯᠳᠠ ᠪᠢᠰᠢᠭᠦᠢ ᠨᠢᠭᠡ ᠱᠣᠣᠯᠠᠵᠤ ᠳᠣᠭᠣᠭᠢᠯᠠᠳᠠᠭ ᠪᠠᠢᠵᠠᠢ᠃ ᠨᠥᠬᠥᠳ ᠣᠳᠣ ᠲᠩᠷᠢ ᠶ᠋ᠢᠨ ᠡᠯᠴᠢ ᠲᠡᠮᠦᠵᠢᠨ ᠲᠡᠢ ᠢᠷᠡᠵᠦ ᠠᠭᠤᠯᠵᠠᠬᠤ ᠶ᠋ᠢ ᠦᠵᠡᠪᠡ᠃ ᠲᠩᠷᠢ ᠶ᠋ᠢᠨ ᠡᠯᠴᠢ ᠲᠡᠮᠦᠵᠢᠨ ᠢ᠋ ᠵᠣᠷᠢᠨ ᠢᠷᠡᠵᠦ ᠠᠭᠤᠯᠵᠠᠭᠰᠠᠨ ᠨᠢ ᠲᠡᠭᠦᠨ ᠢ᠋ ᠨᠥᠬᠥᠳ ᠦ᠋ᠨ ᠳᠤᠮᠳᠠ ᠳᠣᠪᠣᠢᠯᠭᠠᠨ ᠭᠠᠷᠭᠠᠵᠤ᠂ ᠪᠦᠭᠦᠳᠡ ᠶᠠᠭᠤ ᠬᠡᠯᠡᠬᠦ ᠶ᠋ᠢ ᠨᠢ ᠴᠦ᠍ ᠳᠠᠭᠤ ᠦᠭᠡᠢ ᠬᠦᠯᠢᠶᠡᠬᠦ ᠳ᠋ᠦ᠍ ᠬᠦᠷᠪᠡ᠃ ᠪᠠᠰᠠ ᠡᠭᠦᠨ ᠦ᠌ ᠬᠠᠵᠠᠭᠤ ᠪᠠᠷ ᠲᠩᠷᠢ ᠶ᠋ᠢᠨ ᠡᠯᠴᠢ ᠲᠡᠮᠦᠵᠢᠨ ᠳ᠋ᠦ᠍ ᠴᠣᠬᠣᠮ ᠶᠠᠭᠤ ᠭᠡᠵᠦ ᠬᠡᠯᠡᠭᠰᠡᠨ ᠪᠣᠯ᠂ ᠮᠡᠳᠡᠬᠦ ᠰᠠᠨ ᠭᠡᠬᠦ ᠡᠴᠡ ᠪᠠᠢᠵᠤ ᠶᠠᠳᠠᠨ᠎ᠠ᠃ ᠲᠩᠷᠢ ᠶ᠋ᠢᠨ ᠡᠯᠴᠢ ᠢᠷᠡᠭᠰᠡᠨ ᠨᠢ ᠲᠡᠮᠦᠵᠢᠨ ᠳ᠋ᠦ᠍ ᠴᠦ᠍ ᠢᠲᠡᠭᠡᠮ᠎ᠡ ᠦᠭᠡᠢ ᠰᠠᠨᠠᠭᠳᠠᠭᠰᠠᠭᠠᠷ ᠪᠠᠢᠭᠰᠠᠨ ᠴᠤ᠌ ᠨᠥᠬᠥᠳ ᠦ᠋ᠨ ᠢ᠋ᠶ᠋ᠡᠨ ᠡᠮᠦᠨ᠎ᠡ ᠡᠢᠮᠦ ᠢᠲᠡᠭᠡᠯ ᠦᠭᠡᠢ ᠪᠠᠢᠳᠠᠯ ᠶᠡᠷᠦ ᠡᠴᠡ ᠦᠵᠡᠭᠦᠯᠵᠦ ᠪᠣᠯᠬᠤ ᠦᠭᠡᠢ ᠭᠡᠳᠡᠭ ᠢ᠋ ᠲᠡᠷᠡ ᠰᠠᠢᠲᠤᠷ ᠤᠬᠠᠭᠠᠷᠠᠵᠤ ᠪᠠᠢᠯ᠎ᠠ᠃ ᠤᠴᠢᠷ ᠨᠢ ᠡᠨᠡ ᠶᠠᠪᠤᠳᠠᠯ ᠲᠡᠮᠦᠵᠢᠨ ᠢ᠋ ᠲᠩᠷᠢ ᠶ᠋ᠢᠨ ᠢᠪᠡᠭᠡᠯ ᠳ᠋ᠦ᠍ ᠪᠠᠭᠲᠠᠭᠰᠠᠨ ᠬᠥᠮᠦᠨ ᠪᠣᠯᠬᠤ ᠶ᠋ᠢ ᠲᠡᠳᠡᠨ ᠳ᠋ᠦ᠍ ᠪᠠᠲᠤᠯᠠᠨ ᠬᠠᠷᠠᠭᠤᠯᠤᠭᠰᠠᠨ ᠨᠢ ᠴᠢᠬᠤᠯᠠ ᠪᠠᠢᠪᠠ᠃ ᠡᠢᠮᠦ ᠤᠴᠢᠷ ᠡᠴᠡ ᠲᠡᠷᠡ ᠲᠩᠷᠢ ᠶ᠋ᠢᠨ ᠡᠯᠴᠢ ᠴᠣᠬᠣᠮ ᠬᠡᠨ ᠪᠠᠢᠭᠰᠠᠨ᠂ ᠪᠠᠰᠠ ᠲᠡᠭᠦᠨ ᠳ᠋ᠦ᠍ ᠶᠠᠭᠤ ᠭᠡᠵᠦ ᠬᠡᠯᠡᠵᠦ᠂ ᠶᠠᠭᠤ ᠥᠭᠭᠦᠭᠰᠡᠨ ᠢ᠋ ᠬᠡᠨ ᠳ᠋ᠦ᠍ ᠴᠦ᠍ ᠬᠡᠯᠡᠬᠦ ᠦᠭᠡᠢ ᠲᠠᠰᠤ ᠨᠢᠭᠤᠬᠤ ᠪᠠᠷ ᠰᠢᠢᠳᠴᠡᠢ᠃ ᠬᠠᠷᠠᠩᠭᠤᠢ ᠳ᠋ᠤ᠌᠂ ᠲᠡᠭᠡᠭᠡᠳ ᠴᠦ᠍ ᠣᠯᠠᠨ ᠠᠯᠬᠤᠮ ᠤ᠋ᠨ ᠵᠠᠢ ᠲᠠᠢ ᠠᠭᠤᠯᠵᠠᠭᠰᠠᠨ ᠪᠣᠯᠬᠣᠷ ᠲᠡᠳᠡᠨ ᠦ᠌ ᠶᠠᠭᠤ ᠶᠠᠷᠢᠯᠴᠠᠭᠰᠠᠨ ᠢ᠋ ᠰᠣᠯᠣᠩᠭ᠎ᠠ ᠮᠡᠲᠦ ᠰᠣᠨᠣᠷ ᠵᠠᠯᠮ᠎ᠠ ᠴᠦ᠍ ᠣᠯᠵᠤ ᠰᠣᠨᠣᠰᠤᠭᠰᠠᠨ ᠦᠭᠡᠢ ᠪᠢᠯᠡ᠃ ᠠᠯᠢᠪᠠ ᠨᠢᠭᠤᠴᠠᠯᠢᠭ ᠵᠦᠢᠯ ᠥᠪᠡᠷ ᠲᠡᠭᠡᠨ ᠳᠠᠯᠳᠠ ᠬᠦᠴᠦ ᠠᠭᠤᠯᠵᠤ ᠪᠠᠢᠳᠠᠭ ᠢ᠋ ᠲᠡᠮᠦᠵᠢᠨ ᠢᠩᠭᠢᠵᠦ ᠠᠩᠬ᠎ᠠ ᠤᠬᠠᠭᠠᠷᠠᠨ ᠮᠡᠳᠡᠷᠡᠵᠡᠢ᠃ ᠢᠩᠭᠢᠵᠦ ᠨᠢᠭᠤᠴᠠᠯᠠᠭᠰᠠᠨ ᠢ᠋ᠶ᠋ᠠᠷ ᠨᠥᠬᠥᠳ ᠨᠢ ᠲᠡᠮᠦᠵᠢᠨ ᠢ᠋ ᠪᠦᠷ ᠴᠦ᠍ ᠪᠢᠰᠢᠷᠡᠬᠦ ᠳ᠋ᠦ᠍ ᠬᠦᠷᠭᠡᠨ᠎ᠡ ᠭᠡᠵᠦ ᠲᠡᠭᠦᠨ ᠦ᠌ ᠲᠣᠭᠠᠴᠢᠭᠰᠠᠨ ᠵᠥᠪ ᠪᠠᠢᠯ᠎ᠠ᠃ ᠪᠤᠰᠤᠳ ᠤ᠋ᠨ ᠰᠡᠳᠬᠢᠯ ᠢ᠋ ᠳᠠᠭᠠᠭᠤᠯᠤᠨ ᠵᠠᠬᠢᠷᠬᠤ ᠳ᠋ᠤ᠌ ᠲᠩᠷᠢ ᠶ᠋ᠢᠨ ᠨᠡᠷ᠎ᠡ ᠶ᠋ᠢ ᠠᠰᠢᠭᠯᠠᠵᠤ ᠪᠣᠯᠬᠤ ᠨᠢ ᠡᠢᠨ ᠬᠦ᠌ ᠲᠡᠮᠦᠵᠢᠨ ᠳ᠋ᠦ᠍ ᠲᠣᠪ ᠲᠣᠳᠣᠷᠬᠠᠢ ᠪᠣᠯᠵᠠᠢ᠃ ᠬᠠᠷᠢᠨ ᠲᠡᠮᠦᠵᠢᠨ ᠲᠩᠷᠢ ᠶ᠋ᠢᠨ ᠡᠯᠴᠢ ᠶ᠋ᠢᠨ ᠦᠭᠡ ᠶ᠋ᠢ ᠣᠯᠠᠨ ᠬᠣᠨᠣᠭ ᠪᠣᠳᠣᠭᠰᠠᠨ ᠤ᠋ ᠡᠴᠦᠰ ᠲᠦ᠍ ᠬᠡᠷᠡᠢᠳ ᠠᠢᠮᠠᠭ ᠤ᠋ᠨ ᠬᠠᠨ ᠲᠣᠭᠣᠷᠢᠯ ᠤ᠋ᠨ ᠳ᠋ᠤ᠌ ᠣᠴᠢᠬᠤ ᠴᠠᠭ ᠨᠢ ᠪᠣᠯᠵᠤ ᠭᠡᠳᠡᠭ ᠢ᠋ ᠤᠬᠠᠭᠠᠷᠠᠪᠠ᠃ ᠭᠡᠪᠡᠴᠦ ᠭᠠᠭᠴᠠ ᠲᠣᠭᠣᠷᠢᠯ ᠢ᠋ ᠬᠥᠳᠡᠯᠭᠡᠨ ᠮᠡᠷᠭᠢᠳ ᠢ᠋ ᠳᠣᠪᠲᠣᠯᠬᠤ ᠨᠢ ᠵᠥᠪᠬᠡᠨ ᠪᠥᠷᠲᠡ ᠶ᠋ᠢ ᠪᠤᠯᠢᠶᠠᠨ ᠠᠪᠬᠤ ᠪᠠᠷ ᠲᠡᠭᠦᠰᠴᠦ ᠪᠣᠯᠬᠤ ᠲᠤᠯᠠ ᠬᠠᠭᠤᠴᠢᠨ ᠪᠣᠷᠵᠢᠭᠢᠨ ᠠᠢᠮᠠᠭ ᠤ᠋ᠨ ᠣᠯᠠᠩᠬᠢ ᠠᠯᠪᠠᠲᠤ ᠳᠡᠷᠭᠡᠳᠡ ᠨᠢ ᠣᠴᠢᠭᠰᠠᠨ ᠵᠠᠮᠤᠬ᠎ᠠ ᠶ᠋ᠢ ᠡᠯ᠎ᠡ ᠬᠡᠷᠡᠭ ᠲᠦ᠍ ᠣᠷᠣᠯᠴᠠᠭᠤᠯᠬᠤ ᠨᠢ ᠪᠠᠰᠠ ᠴᠢᠬᠤᠯᠠ ᠪᠠᠢᠯ᠎ᠠ᠃
ᠬᠠᠷᠢᠨ ᠵᠠᠮᠤᠬ᠎ᠠ ᠲᠡᠮᠦᠵᠢᠨ ᠲᠡᠢ ᠪᠠᠭ᠎ᠠ ᠶ᠋ᠢᠨ ᠠᠨᠳᠠ ᠪᠣᠯᠪᠠᠴᠤ ᠲᠡᠭᠦᠨ ᠦ᠌ ᠦᠭᠡ ᠶ᠋ᠢ ᠠᠩᠬᠠᠷᠴᠤ ᠲᠣᠭᠣᠬᠤ ᠨᠢ ᠶᠠᠭᠤ ᠯᠠ ᠪᠣᠯ᠃ ᠡᠢᠮᠦ ᠡᠴᠡ ᠮᠡᠷᠭᠢᠳ ᠠᠢᠮᠠᠭ ᠢ᠋ ᠰᠥᠨᠥᠭᠡᠬᠦ ᠥᠪᠡᠷ ᠦ᠋ᠨ ᠳᠠᠯᠳᠠ ᠰᠠᠨᠠᠭ᠎ᠠ ᠶ᠋ᠢ ᠬᠦᠴᠦᠷᠬᠡᠭ ᠬᠡᠷᠡᠢᠳ ᠠᠢᠮᠠᠭ ᠤ᠋ᠨ ᠬᠠᠨ ᠲᠣᠭᠣᠷᠢᠯ ᠤ᠋ᠨ ᠠᠮᠠ ᠪᠠᠷ ᠬᠡᠯᠡᠭᠦᠯᠪᠡᠯ ᠵᠠᠮᠤᠬ᠎ᠠ ᠶᠠᠭᠤᠲᠠᠢ ᠴᠤ᠌ ᠡᠰᠡᠷᠭᠦᠴᠡᠬᠦ ᠦᠭᠡᠢ ᠪᠥᠭᠡᠳ ᠭᠣᠣᠯ ᠨᠢ ᠮᠡᠷᠭᠢᠳ ᠠᠢᠮᠠᠭ ᠡᠴᠡ ᠣᠯᠬᠤ ᠣᠯᠵᠠ ᠪᠠᠨ ᠠᠯᠳᠠᠬᠤ ᠶ᠋ᠢ ᠲᠡᠷᠡ ᠶᠠᠭᠠᠬᠢᠪᠠᠴᠤ ᠬᠦᠰᠡᠬᠦ ᠦᠭᠡᠢ ᠭᠡᠵᠦ ᠲᠡᠮᠦᠵᠢᠨ ᠲᠣᠭᠠᠴᠢᠵᠠᠢ᠃ ᠵᠠᠮᠤᠬ᠎ᠠ ᠰᠡᠳᠬᠢᠯ ᠰᠠᠨᠠᠭ᠎ᠠ ᠬᠤᠷᠴᠠ ᠬᠤᠪᠢᠷᠠᠮᠠᠲᠠᠭᠠᠢ᠂ ᠶᠡᠬᠡ ᠬᠠᠷᠠᠲᠠᠢ᠂ ᠣᠯᠠᠨ ᠠᠭᠠᠰᠢ ᠲᠠᠢ᠂ ᠣᠷᠣᠨ ᠭᠠᠷᠤᠨ ᠬᠥᠮᠦᠨ ᠲᠤᠯᠠ ᠲᠡᠮᠦᠵᠢᠨ ᠥᠪᠡᠷ ᠢ᠋ᠶ᠋ᠡᠨ ᠲᠡᠭᠦᠨ ᠳ᠋ᠦ᠍ ᠰᠢᠭᠤᠳ ᠬᠠᠨᠳᠤᠨ ᠲᠤᠰᠠᠯᠠᠮᠵᠢ ᠭᠤᠶᠤᠬᠤ ᠨᠢ ᠵᠠᠮᠤᠬ᠎ᠠ ᠶ᠋ᠢᠨ ᠶᠡᠬᠡᠮᠰᠦᠭ ᠵᠠᠩ ᠢ᠋ ᠬᠥᠳᠡᠯᠭᠡᠬᠦ ᠡᠴᠡ ᠭᠠᠳᠠᠨ᠎ᠠ ᠣᠳᠣᠬᠠᠨ ᠳ᠋ᠠᠭᠠᠨ ᠲᠡᠭᠦᠨ ᠦ᠌ ᠮᠠᠲᠠᠯ ᠳ᠋ᠤ᠌ ᠪᠠᠢᠭ᠎ᠠ ᠪᠣᠷᠵᠢᠭᠢᠨ ᠠᠢᠮᠠᠭ ᠤ᠋ᠨ ᠢᠷᠭᠡᠳ ᠢ᠋ ᠲᠡᠮᠦᠵᠢᠨ ᠪᠤᠴᠠᠭᠠᠨ ᠠᠪᠬᠤ ᠪᠠᠷ ᠰᠠᠨᠠᠭᠠᠷᠬᠠᠵᠤ ᠪᠠᠢᠨ᠎ᠠ ᠭᠡᠵᠦ ᠮᠠᠭᠤ ᠰᠠᠨᠠᠭᠠᠯᠠᠨ ᠲᠡᠭᠦᠨ ᠳ᠋ᠦ᠍ ᠲᠤᠰᠠᠯᠠᠬᠤ ᠡᠴᠡ ᠲᠠᠲᠠᠭᠠᠯᠵᠠᠵᠤ ᠴᠤ᠌ ᠮᠡᠳᠡᠬᠦ ᠪᠠᠢᠪᠠ᠃ ᠡᠨᠡ ᠪᠦᠭᠦᠳᠡ ᠶ᠋ᠢ ᠣᠯᠠᠨ ᠬᠣᠨᠣᠭ ᠯᠠᠪᠰᠢᠷᠠᠭᠤᠯᠤᠨ ᠪᠣᠳᠣᠭᠰᠠᠨ ᠤ᠋ ᠡᠴᠦᠰ ᠲᠦ᠍ ᠠᠩᠬᠠᠨ ᠤ᠋ ᠴᠠᠰᠤ ᠬᠠᠶᠠᠯᠠᠭᠰᠠᠨ ᠨᠢᠭᠡ ᠲᠣᠭᠲᠠᠭᠤᠨ ᠡᠳᠦᠷ ᠥᠪᠡᠷ ᠦ᠋ᠨ ᠰᠢᠢᠳᠪᠦᠷᠢ ᠶ᠋ᠢ ᠳᠡᠭᠦᠦ ᠨᠠᠷ ᠪᠣᠯᠤᠨ ᠪᠣᠭᠣᠷᠴᠢ ᠵᠡᠯᠮ᠎ᠡ ᠬᠣᠶᠠᠷ ᠨᠥᠬᠥᠷ ᠲᠡᠭᠡᠨ ᠬᠡᠯᠡᠬᠦ ᠪᠡᠷ ᠰᠢᠢᠳᠪᠡ᠃ ᠲᠡᠭᠡᠬᠦ ᠳ᠋ᠦ᠍ ᠲᠡᠮᠦᠵᠢᠨ ᠦ᠌ ᠬᠢᠨ ᠬᠡᠷᠦᠯᠦᠨ ᠦ᠌ ᠡᠬᠢᠨ ᠳ᠋ᠦ᠍ ᠨᠢᠭᠡᠨ ᠨᠥᠮᠥᠷᠢ ᠪᠣᠢᠳᠠ ᠡᠷᠭᠢ ᠶ᠋ᠢᠨ ᠳᠣᠣᠷ᠎ᠠ ᠨᠠᠮᠤᠷᠵᠢᠵᠤ ᠪᠠᠢᠯ᠎ᠠ᠃ ᠨᠠᠮᠤᠷᠵᠢᠶᠠᠨ ᠤ᠋ ᠬᠣᠢᠲᠤ ᠡᠩᠭᠡᠷ ᠦ᠋ᠨ ᠬᠠᠳᠠᠨ ᠳᠡᠭᠡᠷ᠎ᠡ ᠲᠡᠳᠡ ᠰᠠᠭᠤᠵᠠᠭᠠᠵᠤ ᠪᠠᠢᠯ᠎ᠠ᠃ ᠲᠡᠮᠦᠵᠢᠨ ᠬᠡᠳᠦ ᠬᠣᠨᠣᠭ ᠢ᠋ᠶ᠋ᠠᠷ ᠳᠠᠭᠤ ᠪᠠᠨ ᠬᠤᠷᠢᠶᠠᠭᠰᠠᠨ ᠢ᠋ ᠬᠦᠯᠢᠴᠡᠵᠦ ᠶᠠᠭᠤ ᠭᠡᠬᠦ ᠶ᠋ᠢ ᠨᠢ ᠲᠡᠪᠴᠢᠶᠡᠷᠢ ᠲᠡᠢ ᠬᠦᠯᠢᠶᠡᠭᠰᠡᠨ ᠨᠥᠬᠥᠳ ᠨᠢ ᠶᠠᠮᠠᠷ ᠨᠢᠭᠡ ᠶᠠᠭᠤᠮ᠎ᠠ ᠪᠣᠯᠤᠨ᠎ᠠ ᠭᠡᠳᠡᠭ ᠢ᠋ ᠵᠦᠩ ᠢ᠋ᠶ᠋ᠡᠷ ᠢ᠋ᠶ᠋ᠡᠨ ᠮᠡᠳᠡᠷᠡᠵᠦ ᠪᠠᠢᠭᠰᠠᠨ ᠲᠤᠯᠠ ᠬᠠᠮᠤᠭ ᠤ᠋ᠨ ᠲᠦᠷᠭᠡᠨ ᠣᠮᠣᠭᠯᠠᠩ ᠵᠠᠩ ᠲᠠᠢ ᠬᠠᠰᠠᠷ ᠬᠦᠷᠲᠡᠯ᠎ᠡ ᠠᠬ᠎ᠠ ᠶ᠋ᠢᠨ ᠢ᠋ᠶ᠋ᠡᠨ ᠪᠣᠳᠣᠯᠭᠠᠰᠢᠷᠠᠭᠰᠠᠨ ᠴᠢᠷᠠᠢ ᠶ᠋ᠢ ᠲᠣᠪ ᠳᠠᠭᠤ ᠦᠭᠡᠢ ᠴᠣᠭᠣ ᠰᠢᠷᠲᠡᠵᠦ ᠰᠠᠭᠤᠪᠠ᠃ᠶᠡᠷᠦ ᠨᠢ ᠲᠡᠭᠷᠢ ᠶ᠋ᠢᠨ ᠡᠯᠴᠢ ᠢᠷᠡᠭᠰᠡᠨ ᠡᠴᠡ ᠬᠣᠢᠰᠢ ᠨᠥᠬᠥᠳ ᠨᠢ ᠲᠡᠭᠦᠨ ᠳ᠋ᠦ᠍ ᠣᠨᠴᠠᠭᠠᠢ ᠬᠦᠨᠳᠦᠳᠬᠡᠯ ᠲᠡᠢ ᠬᠠᠨᠳᠤᠬᠤ ᠪᠣᠯᠤᠭᠰᠠᠨ ᠢ᠋ ᠲᠡᠮᠦᠵᠢᠨ ᠮᠡᠳᠡᠷᠡᠵᠦ ᠪᠠᠢᠪᠠ᠃ ᠪᠦᠲᠦᠳᠡᠭ ᠴᠦ᠍᠂ ᠪᠦᠲᠦᠳᠡᠭ ᠦᠭᠡᠢ ᠴᠦ᠍ ᠪᠣᠳᠣᠭᠰᠠᠨ ᠢ᠋ᠶ᠋ᠠᠨ ᠬᠢᠬᠦ ᠡᠴᠡ ᠥᠭᠡᠷ᠎ᠡ ᠵᠠᠮ ᠲᠡᠭᠦᠨ ᠳ᠋ᠦ᠍ ᠪᠠᠢᠭᠰᠠᠨ ᠦᠭᠡᠢ᠃ ᠮᠡᠷᠭᠢᠳ ᠦ᠋ᠨ ᠡᠷᠭᠢᠭᠦᠯ ᠦ᠋ᠨ ᠪᠠᠭ ᠴᠡᠷᠢᠭ ᠪᠠᠢᠨ ᠪᠠᠢᠨ ᠦᠵᠡᠭᠳᠡᠵᠦ᠂ ᠬᠠᠭᠤᠴᠢᠨ ᠨᠤᠲᠤᠭ ᠲᠤᠤᠷᠢ ᠶ᠋ᠢᠨ ᠳᠡᠭᠡᠭᠦᠷ ᠡᠷᠭᠢᠯᠳᠦᠬᠦ ᠨᠢ ᠴᠠᠭᠠᠰᠢᠳᠠ ᠠᠯᠭᠤᠷᠯᠠᠨ ᠬᠦᠯᠢᠶᠡᠬᠦ ᠳ᠋ᠦ᠍ ᠠᠶᠤᠯᠲᠠᠢ ᠪᠣᠯᠵᠤ ᠪᠠᠢᠭ᠎ᠠ ᠶ᠋ᠢ ᠢᠯᠡᠳᠬᠡᠵᠦ ᠪᠠᠢᠪᠠ᠃ᠲᠡᠮᠦᠵᠢᠨ ᠦ᠌ ᠮᠠᠯᠠᠭᠠᠢ ᠶ᠋ᠢᠨ ᠳᠡᠭᠡᠷ᠎ᠡ ᠤᠨᠠᠭᠰᠠᠨ ᠨᠠᠮᠤᠷ ᠡᠷᠲᠡ ᠶ᠋ᠢᠨ ᠴᠠᠰᠤ ᠲᠡᠷᠡ ᠳᠣᠣᠷ᠎ᠠ ᠪᠠᠨ ᠬᠠᠢᠯᠤᠨ᠎ᠠ᠃ᠲᠡᠷᠡ ᠢᠳᠡᠷ ᠵᠠᠯᠠᠭᠤ ᠨᠥᠬᠥᠳ ᠦ᠋ᠨ ᠢ᠋ᠶ᠋ᠡᠨ ᠴᠢᠷᠠᠢ ᠶ᠋ᠢ ᠡᠭᠡᠯᠵᠢᠯᠡᠨ ᠰᠢᠷᠲᠡᠵᠦ ᠰᠠᠭᠤᠭᠰᠠᠨ ᠢ᠋ᠶ᠋ᠠᠨ
—ᠮᠣᠷᠢᠳ ᠢ᠋ᠶ᠋ᠠᠨ ᠤᠶᠠᠵᠤ ᠂ ᠬᠠᠭᠰᠠᠷᠠᠭ᠎ᠠ᠃ᠪᠢ ᠬᠡᠳᠦ ᠬᠣᠨᠣᠭ ᠡᠴᠡ ᠶᠠᠪᠤᠵᠤ ᠬᠡᠷᠡᠢᠳ ᠦ᠋ᠨ ᠲᠣᠭᠣᠷᠢᠯ ᠬᠠᠨ ᠡᠴᠡ ᠲᠤᠰᠠᠯᠠᠮᠵᠢ ᠬᠦᠰᠡᠬᠦ ᠪᠡᠷ ᠰᠢᠢᠳᠦᠯ᠎ᠡ ᠭᠡᠮᠡᠨ ᠡᠷᠡᠰ ᠰᠢᠯᠤᠭᠤᠨ ᠥᠭᠦᠯᠡᠪᠡ᠃
ᠲᠡᠮᠦᠵᠢᠨ ᠡᠨᠡ ᠬᠡᠳᠦᠨ ᠦᠭᠡ ᠶ᠋ᠢ ᠠᠶᠠᠷᠬᠠᠨ ᠪᠣᠯᠪᠠᠴᠤ ᠵᠠᠭᠤᠩᠭᠢ ᠠᠭᠠᠳ ᠡᠷᠡᠰ ᠲᠣᠳᠣ ᠬᠡᠯᠡᠵᠡᠢ᠃ᠬᠡᠰᠡᠭ ᠵᠠᠭᠤᠷ᠎ᠠ ᠨᠠᠮ ᠭᠦᠮ ᠪᠣᠯᠪᠠ᠃ᠲᠦᠷᠭᠡᠨ ᠵᠠᠩ ᠲᠠᠢ ᠬᠠᠰᠠᠷ ᠠᠨᠠᠢ ᠯᠠ ᠲᠦᠷᠦᠭᠦᠯᠡᠨ ᠠᠮᠠ ᠨᠡᠭᠡᠭᠡᠪᠡ᠃
—ᠠᠬ᠎ᠠ ᠠ᠋᠂ᠲᠠ ᠨᠢᠳᠤᠨᠤᠨ ᠵᠢᠯ ᠪᠥᠷᠲᠡ ᠶ᠋ᠢᠨ ᠢᠨᠵᠢᠨ ᠦ᠌ ᠪᠤᠯᠠᠭᠠᠨ ᠳᠠᠬᠤ ᠶ᠋ᠢ ᠠᠪᠠᠴᠢᠵᠤ ᠪᠡᠯᠡᠭᠯᠡᠬᠦ ᠳ᠋ᠦ᠍《ᠪᠤᠲᠠᠷᠠᠭᠰᠠᠨ ᠤᠯᠤᠰ ᠢ᠋ ᠴᠢᠨᠢ ᠴᠤᠭᠯᠠᠭᠤᠯᠵᠤ ᠥᠭᠭᠦᠶ᠎ᠡ》 ᠭᠡᠬᠦ ᠳ᠋ᠦ᠍ᠨᠢ ᠬᠠᠷᠢᠭᠤ ᠬᠡᠯᠡᠯ ᠦᠭᠡᠢ ᠠᠮᠠᠨ ᠳ᠋ᠤ᠌ ᠣᠷᠣᠭᠰᠠᠨ ᠰᠢᠷ᠎ᠠ ᠲᠣᠰᠣ ᠶ᠋ᠢ ᠬᠡᠯᠡ ᠪᠡᠷ ᠲᠦᠯᠬᠢᠪᠡ ᠭᠡᠳᠡᠭ ᠪᠣᠯᠤᠭᠰᠠᠨ ᠮᠥᠷᠳᠡᠯ᠎ᠡ ᠣᠳᠣ ᠳᠠᠬᠢᠨ ᠣᠴᠢᠵᠤ ᠲᠤᠭᠤᠷᠢᠯ ᠬᠠᠨ ᠳ᠋ᠤ᠌ ᠠᠮᠠ ᠪᠠᠨ ᠠᠰᠠᠭᠤᠯᠭᠠᠬᠤ ᠨᠢ ᠳᠤᠲᠠᠪᠠ ᠤᠤ?
ᠬᠠᠰᠠᠷ ᠡᠨᠡ ᠦᠭᠡ ᠶ᠋ᠢ ᠬᠡᠯᠡᠬᠦ ᠳ᠋ᠡᠭᠡᠨ ᠬᠣᠷᠣ ᠰᠢᠷ᠎ᠠ ᠨᠢ ᠪᠤᠴᠠᠯᠵᠤ ᠪᠠᠢᠭ᠎ᠠ ᠶ᠋ᠢ ᠲᠡᠮᠦᠵᠢᠨ ᠠᠵᠢᠪᠠ᠃
— ᠬᠠᠰᠠᠷ ᠠ᠋᠂ᠪᠢ ᠡᠭᠦᠨ ᠦ᠌ ᠤᠴᠢᠷ ᠢ᠋ ᠲᠠ ᠨᠠᠷ ᠲᠤ᠌ ᠰᠠᠢᠲᠤᠷ ᠤᠬᠠᠭᠤᠯᠤᠭᠰᠠᠨ ᠪᠢᠰᠢ ᠤᠤ? ᠬᠠᠷᠢᠨ ᠣᠳᠣ ᠡᠨᠡ ᠪᠣᠯ《ᠲᠡᠭᠷᠢ ᠶ᠋ᠢᠨ ᠵᠠᠷᠯᠢᠭ ᠶᠤᠮ》 ᠭᠡᠵᠦ ᠲᠡᠮᠦᠵᠢᠨ ᠲᠣᠪᠴᠢ ᠬᠡᠯᠡᠭᠡᠳ ᠳᠠᠭᠤ ᠦᠭᠡᠢ ᠪᠣᠯᠪᠠ᠃ᠳᠠᠬᠢᠨ ᠬᠡᠨ ᠴᠦ᠍ ᠳᠤᠤᠭᠠᠷᠤᠭᠰᠠᠨ ᠦᠭᠡᠢ᠃ᠲᠡᠮᠦᠵᠢᠨ ᠦ᠌ ᠠᠮᠠᠨ ᠡᠴᠡ ᠠᠩᠬ᠎ᠠ ᠭᠠᠷᠤᠭᠰᠠᠨ《ᠲᠡᠭᠷᠢ ᠶ᠋ᠢᠨ ᠵᠠᠷᠯᠢᠭ》 ᠬᠡᠮᠡᠬᠦ ᠰᠢᠳᠢᠲᠦ ᠦᠭᠡ ᠨᠥᠬᠥᠳ ᠦ᠋ᠨ ᠬᠢᠨᠢ ᠡᠰᠡᠷᠭᠦᠴᠡᠯ᠂ ᠠᠰᠠᠭᠤᠯᠲᠠ ᠪᠦᠭᠦᠳᠡ ᠶ᠋ᠢ ᠲᠡᠷᠡ ᠳᠣᠣᠷ᠎ᠠ ᠨᠢ ᠨᠠᠮ ᠳᠠᠷᠤᠬᠤ ᠶ᠋ᠢ ᠲᠡᠷᠡ ᠲᠣᠳᠣ ᠬᠠᠷᠠᠵᠤ ᠪᠠᠢᠯ᠎ᠠ᠃ᠲᠡᠷᠡ ᠶ᠋ᠢ ᠪᠦᠦ ᠬᠡᠯᠡ᠂ ᠡᠨᠡ ᠦᠭᠡ ᠡᠢᠮᠦ ᠶᠡᠬᠡ ᠬᠦᠴᠦᠲᠡᠢ ᠪᠣᠯᠬᠤ ᠶ᠋ᠢ ᠦᠵᠡᠭᠡᠳ ᠥᠪᠡᠷ ᠢ᠋ᠶ᠋ᠡᠨ ᠴᠦ᠍ ᠶᠡᠬᠡ ᠭᠠᠢᠬᠠᠵᠠᠢ᠃ᠬᠡᠷᠪᠡ ᠢᠩᠭᠢᠵᠦ ᠦᠭᠡ ᠪᠡᠨ ᠣᠯᠵᠤ ᠬᠡᠯᠡᠭᠡ ᠦᠭᠡᠢ ᠪᠣᠯ ᠲᠡᠳᠡᠨ ᠦ᠌ ᠳᠤᠮᠳᠠ ᠳᠠᠬᠢᠨ ᠪᠥᠭᠡᠮ ᠮᠠᠷᠭᠤᠭᠠᠨ ᠳᠡᠭᠳᠡᠬᠦ ᠪᠠᠢᠪᠠ᠃ ᠨᠢᠳᠤᠨᠤᠨ ᠲᠤᠭᠤᠷᠢᠯ ᠬᠠᠨ ᠤ᠋ ᠬᠦᠷᠢᠶᠡᠨ ᠡᠴᠡ ᠪᠤᠴᠠᠬᠤ ᠵᠠᠮ ᠳ᠋ᠤ᠌ ᠲᠡᠮᠦᠵᠢᠨ᠂ ᠬᠠᠰᠠᠷ ᠂ ᠪᠡᠯᠭᠦᠳᠡᠢ ᠭᠤᠷᠪᠠ ᠶ᠋ᠢᠨ ᠳᠤᠮᠳᠠ ᠪᠥᠭᠡᠮ ᠬᠡᠷᠡᠭᠦᠯ ᠪᠣᠯᠵᠤ᠂ ᠠᠭᠤᠷᠰᠠᠵᠤ ᠬᠣᠷᠣᠰᠤᠭᠰᠠᠨ ᠬᠠᠰᠠᠷ ᠲᠦᠷᠦᠭᠦᠯᠡᠨ ᠳᠠᠪᠬᠢᠵᠤ ᠣᠳᠤᠭᠰᠠᠨ ᠪᠢᠯᠡ᠃
ᠲᠣᠭᠣᠷᠢᠯ ᠬᠠᠨ ᠥᠩᠭᠡᠨ ᠳᠡᠭᠡᠷ᠎ᠡ ᠪᠡᠨ《ᠪᠤᠲᠠᠷᠠᠭᠰᠠᠨ ᠤᠯᠤᠰ ᠢ᠋ ᠴᠢᠨᠢ ᠴᠤᠭᠯᠠᠭᠤᠯᠵᠤ ᠥᠭᠭᠦᠶ᠎ᠡ》 ᠭᠡᠬᠦ ᠠᠪᠠᠴᠤ ᠴᠠᠭᠠᠨ᠎ᠠ ᠪᠠᠨ ᠲᠡᠮᠦᠵᠢᠨ ᠦ᠌ ᠨᠡᠷ᠎ᠡ ᠶ᠋ᠢᠨ ᠳᠣᠣᠷ᠎ᠠ ᠥᠪᠡᠷ ᠦ᠋ᠨ ᠠᠢᠮᠠᠭ ᠲᠤ᠌ ᠬᠦᠴᠦ ᠪᠡᠷ ᠨᠡᠢᠯᠡᠭᠦᠯᠦᠨ ᠠᠪᠬᠤ ᠰᠠᠨᠠᠭ᠎ᠠ ᠨᠢ ᠲᠣᠳᠣᠷᠬᠠᠢ ᠪᠠᠢᠭᠰᠠᠨ ᠢ᠋ ᠶᠠᠳᠠᠭᠤ ᠴᠤ᠌ ᠭᠡᠯᠡ ᠵᠥᠪᠰᠢᠶᠡᠷᠡᠵᠦ ᠪᠣᠯᠬᠤ ᠦᠭᠡᠢ ᠪᠠᠢᠪᠠ᠃ ᠶᠢᠰᠦᠭᠡᠢ ᠬᠣᠣᠷᠯᠠᠭᠳᠠᠵᠤ ᠦᠬᠦᠭᠰᠡᠨ᠂ ᠪᠣᠷᠵᠢᠭᠢᠨ ᠠᠢᠮᠠᠭ ᠬᠠᠨ ᠦᠭᠡᠢ ᠪᠣᠯᠵᠤ ᠲᠠᠷᠠᠵᠤ ᠪᠤᠲᠠᠷᠠᠭᠰᠠᠨ ᠨᠢ ᠲᠡᠳᠡᠨ ᠦ᠌ ᠳᠣᠲᠣᠭᠠᠳᠤ ᠬᠡᠷᠡᠭ ᠪᠣᠯᠬᠤ ᠡᠴᠡ ᠭᠠᠳᠠᠨ᠎ᠠ ᠶ᠋ᠢᠨ ᠬᠡᠨ ᠨᠢᠭᠡᠨ ᠦ᠌᠂ ᠲᠡᠷᠡ ᠳᠤᠮᠳᠠ ᠪᠠᠨ ᠬᠡᠷᠡᠢᠳ ᠠᠢᠮᠠᠭ ᠤ᠋ᠨ ᠬᠦᠴᠦ ᠪᠡᠷ ᠰᠢᠢᠳᠴᠦ ᠪᠣᠯᠬᠤ ᠦᠭᠡᠢ ᠭᠡᠵᠦ ᠲᠡᠮᠦᠵᠢᠨ ᠰᠡᠳᠬᠢᠭᠰᠡᠨ ᠪᠢᠯᠡ᠃ ᠪᠣᠷᠵᠢᠭᠢᠨ ᠠᠢᠮᠠᠭ ᠤ᠋ᠨ ᠬᠢᠨ ᠥᠪᠡᠷᠰᠡᠳ ᠢ᠋ᠶ᠋ᠡᠨ ᠯᠡ ᠤᠳᠤᠷᠢᠳᠤᠭᠴᠢ ᠪᠠᠨ ᠰᠣᠩᠭᠣᠵᠤ᠂ ᠨᠢᠭᠡᠳᠬᠦ ᠶᠣᠰᠣᠲᠠᠢ ᠭᠡᠵᠦ ᠲᠡᠮᠦᠵᠢᠨ ᠪᠣᠳᠣᠨ᠎ᠠ᠃ ᠪᠤᠲᠠᠷᠠᠭᠰᠠᠨ ᠠᠢᠮᠠᠭ ᠢ᠋ᠶ᠋ᠠᠨ ᠲᠣᠭᠣᠷᠢᠯ ᠤ᠋ᠨ ᠬᠦᠴᠦ ᠪᠡᠷ ᠨᠢᠭᠡᠳᠬᠡᠨ ᠠᠪᠤᠯ᠎ᠠ ᠭᠡᠬᠦ ᠳ᠋ᠦ᠍ ᠬᠡᠵᠢᠶ᠎ᠡ ᠴᠦ᠍ ᠲᠡᠭᠦᠨ ᠦ᠌ ᠮᠠᠲᠠᠯ ᠤ᠋ᠨ ᠬᠢ ᠪᠣᠯᠬᠤ ᠦᠭᠡᠢ ᠭᠡᠳᠡᠭ ᠢ᠋ ᠴᠦ᠍ ᠲᠡᠷᠡ ᠣᠢᠯᠠᠭᠠᠵᠤ ᠪᠠᠢᠪᠠ᠃ ᠲᠡᠢᠮᠦ ᠤᠴᠢᠷ ᠢ᠋ᠶ᠋ᠠᠨ ᠥᠩᠭᠡᠨ ᠳ᠋ᠡᠭᠡᠨ ᠠᠶᠠᠲᠠᠢ ᠰᠣᠨᠣᠰᠤᠭᠳᠠᠬᠤ ᠲᠣᠭᠣᠷᠢᠯ ᠤ᠋ᠨ ᠲᠡᠷᠡ ᠦᠭᠡ ᠶ᠋ᠢ ᠲᠡᠮᠦᠵᠢᠨ ᠠᠯᠪᠠ ᠪᠠᠷ ᠬᠠᠷᠢᠭᠤ ᠦᠭᠡᠢ ᠣᠷᠬᠢᠭᠰᠠᠨ ᠪᠢᠯᠡ᠃
ᠢᠩᠭᠢᠬᠦ ᠪᠠᠰᠠ ᠨᠢᠭᠡ ᠤᠴᠢᠷ ᠪᠠᠢᠭᠰᠠᠨ ᠨᠢ ᠪᠣᠷᠵᠢᠭᠢᠨ ᠠᠢᠮᠠᠭ ᠤ᠋ᠨ ᠨᠡᠯᠢᠶᠡᠳ ᠬᠡᠰᠡᠭ ᠢᠷᠭᠡᠳ ᠵᠠᠮᠤᠬ᠎ᠠ ᠶ᠋ᠢᠨ ᠮᠠᠲᠠᠯ ᠳ᠋ᠤ᠌ ᠪᠠᠢᠭᠰᠠᠨ ᠳ᠋ᠤ᠌ ᠣᠷᠣᠰᠢᠨ᠎ᠠ᠃ ᠲᠤᠭᠤᠷᠢᠯ ᠪᠣᠷᠵᠢᠭᠢᠨ ᠠᠢᠮᠠᠭ ᠤ᠋ᠨ ᠠᠯᠪᠠᠲᠤ ᠨᠤᠭᠤᠳ ᠢ᠋ ᠨᠢᠭᠡᠳᠬᠡᠬᠦ ᠪᠡᠷ ᠴᠡᠷᠢᠭᠯᠡᠨ ᠬᠥᠳᠡᠯᠪᠡᠯ ᠵᠠᠮᠤᠬ᠎ᠠ ᠶ᠋ᠢᠨ ᠡᠰᠡᠷᠭᠦᠴᠡᠯ ᠲᠡᠢ ᠲᠤᠯᠭᠠᠷᠠᠵᠤ ᠭᠤᠷᠪᠠᠨ ᠭᠣᠣᠯ ᠤ᠋ᠨ ᠮᠣᠩᠭᠣᠯ ᠠᠢᠮᠠᠭ ᠤ᠋ᠳ ᠢ᠋ ᠬᠠᠮᠤᠷᠤᠭᠰᠠᠨ ᠲᠣᠮᠣ ᠲᠡᠢᠨ ᠳᠡᠭᠳᠡᠬᠦ ᠨᠢ ᠭᠠᠷᠴᠠᠭ᠎ᠠ ᠦᠭᠡᠢ ᠪᠥᠭᠡᠳ ᠡᠭᠦᠨ ᠦ᠌ ᠳ᠋ᠦᠩ ᠳ᠋ᠦ᠍ ᠭᠠᠭᠴᠠᠬᠠᠨ ᠪᠣᠷᠵᠢᠭᠢᠨ ᠠᠢᠮᠠᠭ ᠯᠠ ᠰᠦᠢᠷᠡᠵᠦ ᠳᠠᠭᠤᠰᠬᠤ ᠲᠡᠳᠦᠢ ᠦᠭᠡᠢ ᠡᠴᠦᠰ ᠦ᠋ᠨ ᠡᠴᠦᠰ ᠲᠦ᠍ ᠬᠡᠵᠢᠶ᠎ᠡ ᠴᠦ᠍ ᠰᠡᠷᠭᠦᠬᠦ ᠦᠭᠡᠢ ᠪᠡᠷ ᠬᠡᠨ ᠳᠡᠢᠯᠦᠭᠰᠡᠨ ᠦ᠌ ᠬᠢᠨᠢ ᠡᠷᠬᠡᠨ ᠳ᠋ᠦ᠍ ᠣᠷᠣᠬᠤ ᠪᠠᠢᠪᠠ᠃ ᠬᠡᠳᠦᠢ ᠪᠡᠷ ᠲᠣᠭᠣᠷᠢᠯ ᠠᠮᠠᠨ ᠳᠡᠭᠡᠷ᠎ᠡ ᠪᠡᠨ《ᠪᠤᠲᠠᠷᠠᠭᠰᠠᠨ ᠤᠯᠤᠰ ᠢ᠋ ᠴᠢᠨᠢ ᠴᠤᠭᠯᠠᠭᠤᠯᠵᠤ ᠥᠭᠭᠦᠶ᠎ᠡ》 ᠭᠡᠵᠦ ᠣᠷᠢᠶᠠᠯᠭᠠᠬᠠᠨ ᠵᠠᠩᠨᠠᠵᠤ ᠪᠠᠢᠪᠠᠴᠤ ᠶᠠᠭ ᠴᠠᠭ ᠢ᠋ᠶ᠋ᠠᠨ ᠲᠤᠯᠬᠤ ᠳᠡᠭᠡᠷ᠎ᠡ ᠡᠷᠲᠡᠨ ᠦ᠌ ᠨᠥᠬᠥᠷ ᠵᠠᠮᠤᠬ᠎ᠠ ᠲᠠᠢ ᠳᠠᠢᠳᠤᠬᠤ ᠶ᠋ᠢ ᠬᠦᠰᠡᠬᠦ ᠦᠭᠡᠢ ᠲᠤᠯᠠ ᠲᠡᠭᠦᠨ ᠦ᠌ ᠡᠨᠡ ᠦᠭᠡ ᠪᠡᠯᠡᠨ ᠠᠮᠠᠨ ᠡᠴᠡ ᠴᠠᠭᠠᠰᠢ ᠦᠭᠡᠢ᠂ ᠪᠤᠯᠠᠭᠠᠨ ᠳᠠᠬᠤ ᠶ᠋ᠢᠨ ᠬᠠᠷᠢᠭᠤ ᠳ᠋ᠤ᠌ ᠬᠡᠯᠡᠭᠰᠡᠨ ᠪᠣᠯᠵᠣᠭ᠎ᠠ ᠬᠣᠭᠣᠰᠣᠨ ᠦᠭᠡ ᠪᠠᠢᠯ᠎ᠠ᠃ ᠲᠡᠮᠦᠵᠢᠨ ᠡᠨᠡ ᠪᠣᠳᠣᠯ ᠢ᠋ᠶ᠋ᠠᠨ ᠳᠡᠭᠦᠦ ᠨᠠᠷ ᠲᠠᠭᠠᠨ ᠰᠠᠢᠲᠤᠷ ᠲᠠᠢᠯᠪᠤᠷᠢᠯᠠᠭᠰᠠᠨ ᠪᠣᠯᠪᠠᠴᠤ
— ᠮᠠᠷᠭᠠᠰᠢ ᠶ᠋ᠢᠨ ᠥᠭᠡᠬᠦᠨ ᠡᠴᠡ ᠥᠨᠥᠳᠥᠷ ᠦ᠋ᠨ ᠠᠭᠤᠰᠬᠢ ᠳᠡᠭᠡᠷ᠎ᠡ ᠭᠡᠳᠡᠭ ᠪᠢᠵᠡ᠃ ᠳᠡᠩᠳᠡᠭᠦᠦ ᠬᠣᠯᠠ ᠶ᠋ᠢ ᠪᠣᠳᠣᠪᠠ᠃ ᠤᠬᠠᠭᠠᠨ ᠲᠠᠢ ᠬᠥᠮᠦᠨ ᠪᠣᠯᠬᠤ ᠭᠡᠵᠦ ᠶᠠᠳᠠᠪᠠ ᠬᠡᠮᠡᠭᠰᠡᠨ ᠣᠮᠣᠭᠯᠠᠩ ᠲᠦᠷᠭᠡᠨ ᠵᠠᠩ ᠲᠠᠢ ᠬᠠᠰᠠᠷ ᠤ᠋ᠨ ᠭᠠᠰᠢᠭᠤᠨ ᠦᠭᠡ ᠶ᠋ᠢ ᠰᠣᠨᠣᠰᠴᠤ ᠪᠢᠯᠡ᠃ ᠭᠡᠪᠡᠴᠦ ᠲᠡᠮᠦᠵᠢᠨ ᠥᠪᠡᠷ ᠦ᠋ᠨ ᠪᠣᠳᠣᠯ ᠡᠴᠡ ᠤᠬᠠᠭᠠᠷᠠᠭᠰᠠᠨ ᠦᠭᠡᠢ᠃ ᠬᠠᠷᠢᠨ ᠣᠳᠣ ᠪᠠᠢᠳᠠᠯ ᠠᠷᠠᠢ ᠥᠭᠡᠷ᠎ᠡ ᠪᠡᠷ ᠡᠷᠭᠢᠭᠰᠡᠨ ᠢ᠋ ᠳᠠᠬᠢᠨ ᠲᠠᠢᠯᠪᠤᠷᠢᠯᠠᠬᠤ ᠱᠠᠭᠠᠷᠳᠠᠯᠭ᠎ᠠ ᠲᠤᠯᠤᠭᠰᠠᠨ ᠢ᠋ ᠨᠥᠬᠥᠳ ᠦ᠋ᠨ ᠢ᠋ᠶ᠋ᠡᠨ ᠭᠦᠷᠯᠡᠢᠭᠰᠡᠨ ᠴᠢᠷᠠᠢ ᠡᠴᠡ ᠲᠡᠷᠡ ᠣᠢᠯᠠᠭᠠᠪᠠ᠃ ᠡᠨᠡ ᠬᠡᠷᠡᠭ ᠦ᠋ᠨ ᠴᠢᠬᠤᠯᠠ ᠶ᠋ᠢ ᠣᠢᠯᠠᠭᠠᠬᠤ ᠳ᠋ᠤ᠌ ᠭᠠᠭᠴᠠ《ᠲᠩᠷᠢ ᠶ᠋ᠢᠨ ᠵᠠᠷᠯᠢᠭ》 ᠭᠡᠳᠡᠭ ᠦᠭᠡ ᠪᠠᠰᠠ ᠪᠠᠭᠠᠳᠠᠬᠤ ᠠᠵᠢ᠃
— ᠮᠡᠷᠭᠢᠳ ᠠᠢᠮᠠᠭ ᠢ᠋ ᠳᠣᠪᠲᠣᠯᠬᠤ ᠰᠢᠯᠲᠠᠭ ᠲᠤᠭᠤᠷᠢᠯ ᠬᠠᠨ ᠳ᠋ᠤ᠌ ᠲᠡᠢᠮᠦ ᠣᠯᠠᠨ ᠣᠯᠳᠠᠬᠤ ᠦᠭᠡᠢ ᠲᠤᠯᠠ ᠡᠢᠮᠦ ᠪᠣᠯᠤᠮᠵᠢ ᠶ᠋ᠢ ᠠᠯᠳᠠᠬᠤ ᠶ᠋ᠢ ᠲᠡᠷᠡ ᠬᠦᠰᠡᠬᠦ ᠦᠭᠡᠢ᠃ ᠪᠠᠰᠠ ᠲᠡᠮᠦᠵᠢᠨ ᠳ᠋ᠦ᠍ ᠪᠢ ᠲᠤᠰᠠᠯᠠᠬᠤ ᠶᠣᠰᠣᠲᠠᠢ ᠶᠤᠮ ᠭᠡᠵᠦ ᠥᠪᠡᠷ ᠢ᠋ ᠪᠡᠨ ᠴᠠᠭᠠᠳᠬᠠᠬᠤ ᠤᠴᠢᠷ ᠪᠠᠢᠭ᠎ᠠ ᠲᠤᠯᠠ ᠮᠡᠷᠭᠢᠳ ᠢ᠋ ᠳᠣᠪᠲᠣᠯᠬᠤ ᠳ᠋ᠤ᠌ ᠲᠡᠭᠦᠨ ᠳ᠋ᠦ᠍ ᠠᠶᠤᠵᠤ ᠢᠴᠢᠬᠦ ᠵᠦᠢᠯ ᠦᠭᠡᠢ᠃ ᠡᠨᠡ ᠬᠡᠷᠡᠭ ᠲᠦ᠍ ᠵᠠᠮᠤᠬ᠎ᠠ ᠶ᠋ᠢ ᠣᠷᠣᠯᠴᠠᠭᠤᠯᠬᠤ ᠶ᠋ᠢ ᠪᠢ ᠲᠤᠭᠤᠷᠢᠯ ᠬᠠᠨ ᠡᠴᠡ ᠭᠤᠶᠤᠨ᠎ᠠ᠃ ᠬᠠᠰᠠᠷ᠂ ᠪᠡᠯᠭᠦᠳᠡᠢ ᠭᠤᠷᠪᠠᠭᠤᠯᠠ ᠶᠠᠪᠤᠶ᠎ᠠ᠃ ᠪᠤᠭᠤᠷᠴᠢ ᠂ ᠵᠠᠯᠮ᠎ᠠ ᠬᠣᠶᠠᠷ ᠭᠡᠷ ᠢ᠋ᠶ᠋ᠡᠨ ᠬᠠᠷᠠᠭᠠᠯᠵᠠᠨ ᠦᠯᠡᠳᠡᠭᠲᠦᠨ ᠬᠡᠮᠡᠭᠰᠡᠨ ᠲᠡᠮᠦᠵᠢᠨ ᠦ᠌ ᠦᠭᠡ ᠡᠷᠡᠰ ᠬᠠᠲᠠᠭᠤ᠂ ᠡᠷᠭᠢᠯᠲᠡ ᠦᠭᠡᠢ ᠪᠠᠢᠭᠰᠠᠨ ᠲᠤᠯᠠ ᠬᠡᠨ ᠨᠢ ᠴᠦ᠍ ᠳᠠᠬᠢᠨ ᠰᠥᠷᠭᠡᠵᠦ ᠡᠯᠳᠡᠪ ᠢ᠋ ᠠᠰᠠᠭᠤᠵᠤ ᠯᠠᠪᠯᠠᠭᠰᠠᠨ ᠦᠭᠡᠢ ᠭᠡᠷ ᠦ᠋ᠨ ᠵᠦᠭ ᠣᠳᠴᠠᠭᠠᠪᠠ᠃
ᠲᠡᠮᠦᠵᠢᠨ ᠦ᠌ ᠰᠣᠩᠭᠣᠭᠰᠠᠨ ᠡᠨᠡ ᠵᠠᠮ ᠦᠨᠡᠬᠡᠷ ᠵᠥᠪ ᠪᠠᠢᠭᠰᠠᠨ ᠢ᠋ ᠣᠳᠣ ᠲᠡᠳᠡ ᠭᠦᠨ ᠰᠥᠨᠢ ᠶ᠋ᠢᠨ ᠲᠩᠷᠢ ᠳᠣᠣᠷ᠎ᠠ ᠲᠤᠭᠤᠷᠢᠯ ᠵᠠᠮᠤᠬ᠎ᠠ ᠬᠣᠶᠠᠷ ᠤ᠋ᠨ ᠨᠡᠢᠯᠡᠭᠰᠡᠨ ᠳᠥᠷᠪᠡᠨ ᠲᠦᠮᠡᠨ ᠴᠡᠷᠢᠭ ᠦ᠋ᠨ ᠴᠤᠪᠤᠭᠠᠨ ᠳ᠋ᠤ᠌ ᠶᠠᠪᠤᠬᠤ ᠳ᠋ᠠᠭᠠᠨ ᠳᠣᠣᠷ᠎ᠠ ᠳᠣᠣᠷ᠎ᠠ ᠪᠠᠨ᠂ ᠥᠪᠡᠷ ᠥᠪᠡᠷ ᠦ᠋ᠨ ᠬᠢ ᠪᠡᠷ ᠢ᠋ᠶ᠋ᠡᠨ ᠣᠢᠯᠠᠭᠠᠵᠤ ᠪᠠᠢᠪᠠ᠃ ᠤᠴᠠᠷᠠᠵᠤ ᠲᠤᠯᠭᠠᠷᠠᠭᠰᠠᠨ ᠨᠥᠬᠥᠴᠡᠯ ᠪᠠᠢᠳᠠᠯ ᠢ᠋ ᠵᠥᠪ ᠳ᠋ᠦᠩᠨᠡᠭᠰᠡᠨ ᠵᠠᠯᠠᠭᠤ ᠲᠡᠮᠦᠵᠢᠨ ᠦ᠌ ᠣᠪᠵᠢᠨ ᠢ᠋ᠶ᠋ᠠᠷ ᠰᠡᠳᠬᠢᠨ ᠥᠳᠥᠭᠡᠭᠰᠡᠨ ᠠᠩᠬᠠᠨ ᠤ᠋ ᠲᠡᠢᠨ ᠡᠢᠨ ᠬᠦ᠌ ᠡᠬᠢᠯᠡᠵᠦ ᠪᠠᠢᠯ᠎ᠠ᠃ ᠥᠪᠡᠷ ᠦ᠋ᠨ ᠬᠢ ᠪᠡᠷ ᠢ᠋ᠶ᠋ᠡᠨ ᠵᠢᠳᠬᠦᠵᠦ᠂ ᠲᠡᠳᠡᠨ ᠢ᠋ ᠬᠠᠷᠠᠭᠰᠠᠭᠠᠷ ᠪᠠᠢᠲᠠᠯ᠎ᠠ ᠬᠡᠷᠡᠢᠳ ᠠᠢᠮᠠᠭ ᠤ᠋ᠨ ᠬᠠᠨ ᠲᠤᠭᠤᠷᠢᠯ᠂ ᠵᠠᠳᠠᠷᠠᠨ ᠠᠢᠮᠠᠭ ᠤ᠋ᠨ ᠵᠠᠮᠤᠬ᠎ᠠ ᠨᠠᠷ ᠤ᠋ᠨ ᠲᠦᠮᠡᠨ ᠴᠡᠷᠢᠭ ᠢ᠋ ᠮᠡᠷᠭᠢᠳ ᠦ᠋ᠨ ᠡᠰᠡᠷᠭᠦ ᠬᠥᠳᠡᠯᠭᠡᠵᠦ ᠴᠢᠳᠠᠭᠰᠠᠨ ᠨᠢ ᠡᠢᠨ ᠬᠦ᠌ ᠲᠡᠮᠦᠵᠢᠨ ᠢ᠋ ᠨᠥᠬᠥᠳ ᠦ᠋ᠨ ᠳᠤᠮᠳᠠ ᠲᠡᠷᠢᠭᠦᠯᠡᠬᠦ ᠰᠠᠭᠤᠷᠢᠨ ᠳ᠋ᠤ᠌ ᠪᠠᠲᠤ ᠵᠣᠭᠰᠣᠭᠠᠵᠤ᠂ ᠲᠡᠭᠦᠨ ᠦ᠌ ᠬᠡᠯᠡᠭᠰᠡᠨ ᠪᠣᠯᠭᠠᠨ ᠢ᠋《ᠲᠩᠷᠢ ᠶ᠋ᠢᠨ ᠵᠠᠷᠯᠢᠭ》 ᠭᠡᠵᠦ ᠦᠭᠡ ᠳᠠᠭᠤ ᠦᠭᠡᠢ ᠳᠠᠭᠠᠬᠤ ᠶᠣᠰᠣᠲᠠᠢ ᠶ᠋ᠢ ᠭᠦᠨ ᠭᠦᠨᠵᠡᠭᠡᠢ ᠤᠬᠠᠭᠠᠷᠠᠭᠤᠯᠤᠭᠰᠠᠨ ᠶᠠᠪᠤᠳᠠᠯ ᠪᠣᠯᠵᠠᠢ᠃
ᠲᠡᠮᠦᠵᠢᠨ ᠦ᠌ ᠬᠤᠪᠢ ᠳ᠋ᠤ᠌ ᠡᠨᠡ ᠶᠠᠪᠤᠳᠠᠯ ᠬᠦᠴᠦᠷᠬᠡᠭ ᠪᠠᠢᠬᠤ ᠶ᠋ᠢᠨ ᠲᠤᠯᠠᠳᠠ ᠴᠡᠷᠢᠭ ᠵᠡᠪᠰᠡᠭ ᠡᠴᠡ ᠭᠠᠳᠠᠨ᠎ᠠ ᠬᠣᠯᠠᠴᠢ ᠤᠬᠠᠭᠠᠨ ᠬᠡᠷᠡᠭᠲᠡᠢ ᠶ᠋ᠢ ᠤᠬᠠᠭᠠᠷᠠᠭᠤᠯᠤᠭᠰᠠᠨ ᠪᠥᠭᠡᠳ ᠪᠠᠰᠠ ᠥᠪᠡᠷ ᠲᠡᠭᠡᠨ ᠢᠲᠡᠭᠡᠬᠦ ᠠᠰᠤᠷᠤ ᠶᠡᠬᠡ ᠢᠲᠡᠭᠡᠯ ᠤᠷᠮ᠎ᠠ ᠥᠭᠭᠦᠭᠰᠡᠨ ᠶᠤᠮ᠃ ᠡᠨᠡ ᠪᠣᠯ ᠠᠷᠪᠠᠨ ᠨᠠᠢ᠍ᠮᠠᠨ ᠨᠠᠰᠤᠲᠠᠢ ᠲᠡᠮᠦᠵᠢᠨ ᠦ᠌ ᠠᠩᠬᠠᠨ ᠤ᠋ ᠲᠣᠮᠣ ᠢᠯᠠᠯᠲᠠ ᠪᠠᠢᠪᠠ᠃ ᠪᠥᠷᠲᠡ ᠶ᠋ᠢ ᠠᠯᠳᠠᠭᠰᠠᠨ ᠨᠢ ᠲᠡᠮᠦᠵᠢᠨ ᠦ᠌ ᠠᠮᠢᠳᠤᠷᠠᠯ᠂ ᠰᠡᠳᠬᠢᠬᠦᠢ ᠳ᠋ᠦ᠍ ᠡᠷᠭᠢᠯᠲᠡ ᠪᠣᠯᠵᠤ ᠲᠡᠷᠡ ᠥᠪᠡᠷ ᠦ᠋ᠨ ᠢ᠋ᠶ᠋ᠡᠨ ᠤᠬᠠᠭᠠᠨ ᠰᠠᠭᠤᠵᠤ ᠪᠠᠢᠭ᠎ᠠ ᠶ᠋ᠢ ᠠᠯᠬᠤᠮ ᠳᠣᠳᠣᠮ ᠳ᠋ᠠᠭᠠᠨ ᠮᠡᠳᠡᠷᠡᠵᠦ ᠪᠠᠢᠯ᠎ᠠ᠃
ᠣᠯᠠᠨ ᠠᠭᠲᠠ ᠶ᠋ᠢᠨ ᠬᠥᠯ ᠦ᠋ᠨ ᠴᠢᠮᠡᠭᠡ ᠲᠣᠯᠣᠭᠠᠢ ᠡᠷᠭᠢᠵᠦ ᠮᠠᠩᠰᠢᠷᠠᠭᠤᠯᠤᠮᠠᠷ ᠴᠤ᠌ ᠬᠡᠳᠦᠨ ᠡᠳᠦᠷ ᠦ᠋ᠨ ᠬᠣᠢᠨ᠎ᠠ ᠥᠪᠡᠷ ᠢ᠋ ᠨᠢ ᠴᠣᠬᠣᠮ ᠶᠠᠮᠠᠷ ᠭᠠᠰᠢᠭᠤᠨ ᠳᠣᠷᠣᠮᠵᠢᠯᠠᠯ ᠬᠦᠯᠢᠶᠡᠵᠦ ᠪᠠᠢᠭ᠎ᠠ ᠶ᠋ᠢ ᠲᠡᠷᠡ ᠮᠡᠳᠡᠬᠦ ᠦᠭᠡᠢ ᠬᠥᠭᠡᠷᠴᠦ ᠶᠠᠪᠤᠪᠠ᠃ ᠲᠡᠮᠦᠵᠢᠨ ᠤᠭ ᠡᠴᠡ ᠲᠦᠨᠡᠷ ᠬᠠᠷᠠᠩᠭᠤᠢ ᠳ᠋ᠤ᠌ ᠡᠳᠦᠷ ᠮᠡᠲᠦ ᠬᠠᠷᠠᠳᠠᠭ ᠪᠠᠢᠯ᠎ᠠ᠃ ᠡᠮᠦᠨ᠎ᠡ ᠬᠣᠯᠠ ᠳ᠋ᠤ᠌ ᠮᠣᠳᠣ ᠲᠠᠢ ᠬᠥᠲᠥᠯ ᠳᠠᠪᠠᠨ ᠦᠷᠭᠦᠯᠵᠢᠯᠡᠬᠦ ᠴᠡᠷᠢᠭ ᠦ᠋ᠨ ᠴᠤᠪᠤᠭ᠎ᠠ ᠲᠦᠭᠵᠢᠷᠡᠨ ᠵᠣᠭᠰᠣᠬᠤ ᠳ᠋ᠤ᠌《ᠣᠯᠠᠨ ᠴᠡᠷᠢᠭ ᠢ᠋ ᠬᠥᠳᠡᠯᠬᠦ ᠶ᠋ᠢᠨ ᠡᠮᠦᠨ᠎ᠡ ᠶᠠᠪᠤᠬᠤ ᠵᠠᠮ ᠢ᠋ ᠨᠢ ᠤᠷᠢᠳᠴᠢᠯᠠᠨ ᠦᠵᠡᠵᠦ ᠰᠣᠩᠭᠣᠬᠤ ᠬᠡᠷᠡᠭᠲᠡᠢ ᠶᠤᠮ᠃ ᠲᠡᠭᠡᠪᠡᠯ ᠰᠠᠭᠠᠳ ᠦᠭᠡᠢ ᠬᠤᠷᠳᠤᠨ ᠶᠠᠪᠤᠨ᠎ᠠ ᠳᠠ》 ᠭᠡᠵᠦ ᠲᠡᠮᠦᠵᠢᠨ ᠲᠡᠷᠡᠬᠡᠨ ᠵᠠᠭᠤᠷ᠎ᠠ ᠪᠣᠳᠣᠵᠤ ᠠᠮᠵᠢᠪᠠ᠃ ᠶᠡᠷᠦ ᠡᠴᠡ ᠪᠡᠨ ᠣᠯᠠᠨ ᠴᠡᠷᠢᠭ ᠵᠢᠭᠰᠠᠭᠠᠬᠤ᠂ ᠴᠤᠪᠤᠬᠤ᠂ ᠵᠣᠭᠰᠣᠬᠤ ᠭᠡᠳ ᠪᠦᠭᠦᠳᠡ ᠲᠡᠭᠦᠨ ᠳ᠋ᠦ᠍ ᠰᠣᠨᠢᠨ ᠰᠣᠳᠣᠨ ᠠᠵᠢ᠃ ᠲᠡᠷᠡ ᠡᠷᠭᠢᠨ ᠲᠣᠭᠣᠷᠢᠨ ᠤ᠋ ᠬᠥᠳᠡᠯᠭᠡᠭᠡᠨ᠂ ᠳᠠᠭᠤ ᠴᠢᠮᠡᠭᠡ ᠨᠢᠭᠡ ᠪᠦᠷᠢ ᠶ᠋ᠢ ᠪᠦᠷ ᠵᠢᠷᠦᠬᠡ ᠰᠡᠳᠬᠢᠯ ᠳ᠋ᠡᠭᠡᠨ ᠰᠢᠩᠭᠡᠭᠡᠵᠦ ᠠᠪᠬᠤ ᠭᠡᠵᠦ ᠰᠢᠨᠤᠯᠲᠠᠢ᠂ ᠪᠠᠬᠠᠷᠬᠠᠯᠲᠠᠢ ᠰᠢᠷᠲᠡᠨ᠎ᠡ᠃ ᠲᠡᠭᠦᠨ ᠦ᠌ ᠰᠡᠳᠬᠢᠯ ᠪᠠᠬᠠᠲᠠᠢ ᠰᠠᠢᠬᠠᠨ ᠪᠠᠢᠯ᠎ᠠ᠃ ᠭᠠᠭᠴᠠ ᠰᠠᠨᠠᠭ᠎ᠠ ᠵᠣᠪᠠᠵᠤ ᠪᠠᠢᠭ᠎ᠠ ᠵᠦᠢᠯ ᠨᠢ ᠪᠥᠷᠲᠡ ᠶᠠᠭ ᠬᠠᠮᠢᠭ᠎ᠠ ᠪᠠᠢᠭ᠎ᠠ ᠶ᠋ᠢ ᠮᠡᠳᠡᠬᠦ ᠦᠭᠡᠢ ᠪᠠᠢᠭ᠎ᠠ ᠶᠠᠪᠤᠳᠠᠯ ᠶᠤᠮ᠃ ᠴᠡᠷᠢᠭ ᠳᠠᠬᠢᠭᠠᠳ ᠯᠠ ᠤᠷᠤᠭᠰᠢᠯᠠᠪᠠ᠃ ᠡᠢᠨ ᠬᠦ᠌ ᠬᠥᠳᠡᠯᠵᠦ ᠶᠠᠳᠠᠨ ᠤᠷᠤᠭᠰᠢᠯᠠᠭᠰᠠᠭᠠᠷ ᠦᠦᠷ ᠴᠠᠢᠬᠤ ᠶ᠋ᠢᠨ ᠡᠮᠦᠨ᠎ᠡ ᠶᠡᠬᠡ ᠴᠡᠷᠢᠭ ᠮᠡᠷᠭᠢᠳ ᠦ᠋ᠨ ᠲᠣᠭᠲᠠᠭ᠎ᠠ ᠪᠡᠬᠢ ᠶ᠋ᠢᠨ ᠬᠦᠷᠢᠶ᠎ᠡ ᠶ᠋ᠢ ᠨᠥᠮᠥᠷᠦᠨ ᠣᠷᠣᠵᠠᠢ᠃ ᠲᠡᠮᠦᠵᠢᠨ ᠨᠥᠬᠥᠳ ᠢ᠋ᠶ᠋ᠡᠨ ᠳᠠᠭᠠᠭᠤᠯᠤᠨ ᠤᠨᠲᠠᠭ᠎ᠠ ᠠᠢᠯ ᠤ᠋ᠳ ᠢ᠋ ᠴᠢᠭᠯᠡᠨ ᠳᠠᠪᠬᠢᠪᠠ᠃ ᠰᠠᠯᠬᠢ ᠡᠩᠭᠡᠷ ᠲᠦ᠍ ᠨᠢ ᠳᠦᠭᠦᠷᠴᠦ ᠵᠣᠷᠢᠭ ᠢᠲᠡᠭᠡᠯ ᠪᠠᠳᠠᠷᠠᠨ ᠬᠣᠭᠣᠯᠠᠢ ᠶ᠋ᠢᠨ ᠢ᠋ᠶ᠋ᠡᠨ ᠪᠠᠢᠳᠠᠭ ᠬᠢᠷᠢ ᠪᠡᠷ ᠤᠤᠬᠠᠢᠯᠠᠨ ᠬᠠᠰᠬᠢᠷᠴᠤ ᠶᠠᠪᠤᠯ᠎ᠠ᠃
ᠬᠡᠳᠦᠢ ᠰᠠᠨᠠᠭᠠᠨ ᠳ᠋ᠤ᠌ ᠦᠭᠡᠢ ᠪᠠᠢᠭᠰᠠᠨ ᠴᠤ᠌ ᠭᠡᠯᠡ ᠮᠡᠷᠭᠢᠳ ᠦ᠋ᠳ ᠬᠡᠵᠢᠶᠡᠨ ᠦ᠌ ᠲᠡᠢᠨ ᠳᠣᠯᠣᠭᠠᠨ ᠳ᠋ᠤ᠌ ᠡᠷᠡᠮᠡᠬᠡᠢ ᠤᠯᠤᠰ ᠲᠤᠯᠠ ᠭᠡᠷ ᠪᠦᠷᠢ ᠶ᠋ᠢᠨ ᠭᠠᠳᠠᠨ᠎ᠠ ᠠᠶᠤᠮᠰᠢᠭᠲᠤ ᠳᠣᠯᠣᠭᠠᠨ ᠪᠣᠯᠵᠤ ᠲᠦᠳᠡᠯ ᠦᠭᠡᠢ ᠭᠡᠷ ᠪᠠᠷᠠᠭ᠎ᠠ ᠵᠠᠬ᠎ᠠ ᠡᠴᠡ ᠪᠠᠨ ᠭᠠᠯ ᠳ᠋ᠤ᠌ ᠠᠪᠲᠠᠨ ᠭᠠᠵᠠᠷ ᠢ᠋ᠶ᠋ᠠᠷ ᠨᠢᠭᠡ ᠲᠦᠢᠮᠡᠷ ᠳᠡᠭᠳᠡᠪᠡ᠃ ᠡᠢᠮᠦ ᠲᠣᠮᠣ ᠳᠣᠯᠣᠭᠠᠨ ᠦᠵᠡᠭᠡ ᠦᠭᠡᠢ ᠲᠤᠯᠠ ᠲᠡᠮᠦᠵᠢᠨ ᠪᠣᠯᠤᠭᠠᠳ ᠲᠡᠭᠦᠨ ᠦ᠌ ᠨᠥᠬᠥᠳ ᠠᠶᠤᠵᠤ ᠰᠦᠷᠳᠡᠬᠦ ᠨᠢ ᠬᠡᠮᠵᠢᠶ᠎ᠡ ᠦᠭᠡᠢ ᠪᠣᠯᠵᠠᠢ᠃ ᠭᠡᠪᠡᠴᠦ ᠲᠡᠳᠡ ᠶᠠᠭᠤᠨ ᠤ᠋ ᠲᠥᠯᠥᠭᠡ ᠶᠠᠭᠠᠬᠢᠬᠤ ᠭᠡᠵᠦ ᠳᠠᠢᠳᠤᠵᠤ ᠪᠣᠢ ᠪᠠᠨ ᠳᠠᠩᠴᠤ ᠭᠦᠨᠵᠡᠭᠡᠢ ᠤᠬᠠᠮᠰᠠᠷᠯᠠᠬᠤ ᠲᠤᠯᠠ ᠪᠦᠭᠦᠳᠡ ᠡᠴᠡ ᠢᠯᠡᠭᠦᠦ ᠪᠡᠷ ᠬᠣᠨᠵᠢᠩᠨᠠᠨ᠂ ᠤᠷᠲᠤ ᠪᠠᠨ ᠲᠠᠭᠠᠷᠠᠭᠰᠠᠨ ᠮᠡᠷᠭᠢᠳ ᠪᠦᠷᠢ ᠶ᠋ᠢ ᠬᠡᠦᠬᠡᠳ ᠬᠥᠪᠡᠭᠡ ᠭᠡᠵᠦ ᠢᠯᠭᠠᠯ ᠦᠭᠡᠢ ᠥᠴᠦᠬᠡᠨ ᠴᠦ᠍ ᠦᠷᠦ ᠡᠪᠡᠳᠬᠦ ᠰᠡᠳᠬᠢᠯ ᠦᠭᠡᠢ ᠪᠡᠷ ᠲᠣᠨᠢᠯᠭᠠᠵᠤ ᠪᠠᠢᠯ᠎ᠠ᠃ ᠲᠡᠳᠡ ᠲᠡᠷᠡᠭᠦᠬᠡᠨ ᠳ᠋ᠡᠭᠡᠨ ᠪᠥᠭᠡᠮᠨᠡᠷᠡᠵᠦ ᠪᠡᠶ᠎ᠡ ᠪᠡᠶ᠎ᠡ ᠪᠡᠨ ᠬᠠᠮᠠᠭᠠᠯᠠᠬᠤ ᠮᠠᠶᠢᠭᠲᠠᠢ ᠲᠤᠯᠤᠯᠳᠤᠵᠤ ᠪᠠᠢᠪᠠ᠃ ᠴᠢᠬᠢ ᠪᠡᠨ ᠰᠠᠲᠤ ᠴᠠᠪᠴᠢᠭᠤᠯᠤᠭᠰᠠᠨ ᠬᠠᠰᠠᠷ ᠨᠢᠭᠤᠷ ᠨᠢ ᠴᠢᠰᠤᠨ ᠳ᠋ᠤ᠌ ᠪᠣᠳᠣᠭᠳᠠᠭᠰᠠᠨ ᠴᠤ᠌ ᠶᠠᠭᠠᠬᠢᠭᠠᠳ ᠴᠤ᠌ ᠶᠤᠮ ᠪᠠᠢᠳᠠᠭ ᠢ᠋ᠶ᠋ᠠᠷ ᠢ᠋ᠶ᠋ᠠᠨ ᠢᠨᠢᠶᠡᠴᠢᠬᠡᠭᠰᠡᠨ ᠴᠠᠪᠴᠢᠯᠳᠤᠵᠤ ᠪᠠᠰᠠ ᠬᠠᠮᠤᠭ ᠲᠡᠩᠬᠡᠭᠡ ᠪᠡᠷ ᠢ᠋ᠶ᠋ᠡᠨ ᠬᠠᠰᠬᠢᠷᠴᠤ ᠶᠠᠪᠤᠪᠠ᠃ ᠬᠠᠰᠠᠷ ᠤ᠋ᠨ ᠡᠨᠡ ᠵᠣᠷᠢᠭᠲᠤ ᠪᠠᠢᠳᠠᠯ ᠨᠥᠬᠥᠳ ᠢ᠋ ᠨᠢ ᠤᠷᠮᠠᠰᠢᠭᠤᠯᠵᠤ ᠪᠦᠭᠦᠳᠡᠭᠡᠷ ᠬᠣᠭᠣᠯᠠᠢ ᠨᠡᠢᠯᠡᠭᠦᠯᠦᠨ ᠤᠤᠬᠠᠢᠯᠠᠨ ᠬᠠᠰᠬᠢᠷᠴᠤ ᠳᠠᠷᠠᠭ᠎ᠠ ᠶ᠋ᠢᠨ ᠬᠣᠲᠠ ᠠᠢᠯ ᠤᠷᠤᠭᠤ ᠳᠠᠪᠬᠢᠯᠳᠤᠵᠠᠢ᠃ ᠠᠵᠠ ᠪᠠᠷ ᠲᠡᠳᠡᠨ ᠦ᠌ ᠬᠡᠨ ᠨᠢ ᠴᠦ᠍ ᠡᠨᠡ ᠤᠳᠠᠭ᠎ᠠ ᠦᠬᠦᠭᠰᠡᠨ ᠦᠭᠡᠢ᠃ ᠬᠠᠷᠢᠨ ᠵᠡᠯᠮ᠎ᠡ ᠲᠡᠮᠦᠵᠢᠨ ᠬᠣᠶᠠᠷ ᠤ᠋ᠨ ᠮᠣᠷᠢ ᠠᠯᠠᠭᠳᠠᠭᠰᠠᠨ ᠲᠤᠯᠠ ᠲᠡᠳᠡ ᠵᠠᠮ ᠡᠴᠡ ᠮᠣᠷᠢ ᠰᠡᠯᠭᠦᠨ ᠤᠨᠤᠵᠠᠢ᠃ ᠰᠤᠮᠤ ᠢᠰᠬᠡᠷᠴᠦ᠂ ᠰᠡᠯᠡᠮ᠎ᠡ ᠣᠴᠢ ᠥᠰᠥᠷᠬᠡᠨ ᠬᠠᠪᠢᠷᠠᠯᠳᠤᠵᠤ᠂ ᠰᠢᠷᠬᠠᠳᠤᠭᠰᠠᠨ ᠬᠥᠮᠦᠰ᠂ ᠠᠶᠤᠵᠤ ᠪᠠᠯᠠᠮᠠᠭᠳᠠᠭᠰᠠᠨ ᠡᠮᠡᠰ ᠬᠡᠦᠬᠡᠳ ᠦ᠋ᠨ ᠣᠷᠢᠯᠠᠵᠤ ᠪᠠᠷᠬᠢᠷᠠᠬᠤ ᠵᠢᠷᠦᠬᠡ ᠵᠣᠭᠰᠣᠮᠠᠷ ᠰᠣᠨᠣᠰᠤᠭᠳᠠᠨ᠎ᠠ᠃ ᠪᠦᠭᠦᠳᠡ ᠶ᠋ᠢᠨ ᠵᠢᠷᠦᠬᠡ ᠬᠥᠭᠡᠷᠴᠦ ᠪᠠᠬᠠᠷᠳᠠᠭᠠᠳ ᠦᠬᠦᠯ ᠢ᠋ ᠮᠠᠷᠲᠠᠵᠠᠢ᠃ ᠬᠠᠨᠴᠤᠢ ᠪᠠᠨ ᠰᠤᠭᠤᠯᠳᠤᠷᠭᠠᠯᠠᠵᠤ᠂ ᠴᠢᠰᠤ ᠦᠵᠡᠵᠦ ᠤᠯᠠᠢᠷᠠᠭᠰᠠᠨ ᠡᠷᠡᠰ ᠶᠣᠰᠣᠲᠠᠢ ᠯᠠ ᠬᠣᠨᠢᠨ ᠳ᠋ᠤ᠌ ᠣᠷᠣᠭᠰᠠᠨ ᠴᠢᠨᠣ᠎ᠠ ᠰᠢᠭ᠋ ᠠᠭᠠᠰᠢᠯᠠᠵᠤ᠂ ᠮᠠᠷᠭᠠᠰᠢ ᠣᠷᠣᠢ ᠨᠢ ᠭᠡᠬᠦ ᠳ᠋ᠦ᠍ ᠲᠣᠭᠲᠠᠭ᠎ᠠ ᠪᠡᠬᠢ ᠶ᠋ᠢᠨ ᠬᠦᠷᠢᠶᠡᠨ ᠦ᠌ ᠮᠡᠷᠭᠢᠳ ᠦ᠋ᠳ ᠳᠠᠷᠤᠭᠳᠠᠨ ᠰᠥᠨᠥᠵᠦ ᠬᠠᠲᠠᠢ ᠳ᠋ᠠᠷᠮᠠᠯᠨ᠂ ᠳ᠋ᠠᠢᠷ ᠤᠰᠤᠨ ᠲᠡᠷᠢᠭᠦᠦ ᠲᠠᠢ ᠬᠡᠰᠡᠭ ᠨᠢ ᠬᠣᠢᠲᠤ ᠵᠦᠭ ᠪᠠᠢᠭᠠᠯᠢ ᠨᠠᠭᠤᠷ ᠤ᠋ᠨ ᠴᠢᠭ ᠲᠦ᠍ ᠵᠢᠭᠤᠲᠠᠭᠠᠵᠠᠢ᠃ ᠲᠡᠢᠨ ᠦ᠌ ᠲᠠᠯᠠᠪᠤᠷ ᠲᠤ᠌ ᠣᠳᠣ ᠣᠯᠵᠠᠯᠠᠭᠳᠠᠭᠰᠠᠨ ᠰᠢᠷᠬᠠᠲᠤᠭᠰᠠᠨ ᠡᠷᠡᠰ᠂ ᠡᠮᠡᠰ ᠬᠥᠭᠰᠢᠳ᠂ ᠪᠠᠯᠴᠢᠷ ᠬᠡᠦᠬᠡᠳ ᠯᠡ ᠦᠯᠡᠳᠡᠵᠡᠢ᠃ ᠪᠦᠲᠦᠨ ᠦᠯᠡᠳᠡᠭᠰᠡᠨ ᠦᠨ᠎ᠡ ᠲᠡᠢ ᠴᠠᠨ᠎ᠠ ᠲᠠᠢ ᠡᠳ᠋ ᠬᠣᠭᠰᠢᠯ᠂ ᠮᠣᠷᠢ ᠮᠠᠯ ᠪᠦᠭᠦᠳᠡ ᠶ᠋ᠢ ᠨᠢ ᠪᠤᠯᠢᠶᠠᠨ ᠠᠪᠤᠪᠠ᠃ ᠲᠡᠮᠦᠵᠢᠨ ᠦ᠌ ᠨᠥᠬᠥᠳ ᠴᠤ᠌ ᠬᠣᠴᠣᠷᠤᠭᠰᠠᠨ ᠦᠭᠡᠢ᠃ ᠡᠨᠡ ᠪᠣᠯ ᠲᠡᠳᠡᠨ ᠦ᠌ ᠬᠤᠪᠢ ᠳ᠋ᠤ᠌ ᠠᠩᠬᠠᠨ ᠤ᠋ ᠳᠣᠯᠣᠭᠠᠨ᠂ ᠠᠩᠬᠠᠨ ᠤ᠋ ᠢᠯᠠᠯᠲᠠ᠂ ᠠᠩᠬᠠᠨ ᠤ᠋ ᠣᠯᠵᠠ ᠪᠠᠢᠯ᠎ᠠ᠃ ᠪᠥᠷᠲᠡ ᠶ᠋ᠢ ᠠᠰᠠᠷᠠᠭᠴᠢ ᠬᠤᠸᠠᠭᠴᠢᠨ ᠡᠮᠡᠭᠡᠨ ᠦ᠌ ᠬᠠᠮᠲᠤ ᠰᠥᠨᠢ ᠣᠯᠤᠭᠠᠳ ᠬᠠᠰᠠᠷ ᠨᠢᠭᠡᠨ ᠭᠡᠷ ᠲᠦ᠍ ᠣᠷᠣᠭᠤᠯᠵᠤ ᠠᠰᠠᠷᠠᠭᠰᠠᠨ ᠪᠥᠭᠡᠳ ᠲᠡᠮᠦᠵᠢᠨ ᠲᠡᠷᠡ ᠰᠥᠨᠢ ᠶᠠᠭᠤᠨ ᠲᠡᠳᠡᠨ ᠢ᠋ ᠬᠠᠷᠠᠭᠠᠯᠵᠠᠬᠤ ᠲᠠᠢ ᠮᠠᠨ ᠲᠠᠢ ᠨᠥᠬᠥᠳ ᠦ᠋ᠨ ᠬᠠᠮᠲᠤ ᠴᠠᠭᠠᠰᠢ ᠲᠤᠯᠤᠯᠳᠤᠨ ᠶᠠᠪᠤᠵᠠᠭᠠᠭᠰᠠᠨ ᠪᠢᠯᠡ᠃
ᠮᠠᠷᠭᠠᠰᠢ ᠡᠳᠦᠷ ᠨᠢ ᠲᠡᠮᠦᠵᠢᠨ ᠡᠴᠡ ᠪᠤᠰᠤᠳ ᠨᠢ ᠡᠷᠭᠢᠨ ᠢᠷᠡᠪᠡ᠃ ᠲᠡᠮᠦᠵᠢᠨ ᠡᠨᠡ ᠲᠡᠢᠨ ᠦ᠌ ᠭᠣᠣᠯ ᠬᠣᠯᠪᠣᠭᠠᠲᠠᠨ ᠤ᠋ ᠶᠣᠰᠣᠭᠠᠷ ᠲᠣᠭᠣᠷᠢᠯ ᠬᠠᠨ ᠤ᠋ ᠬᠡᠭᠡᠷ᠎ᠡ ᠶ᠋ᠢᠨ ᠠᠰᠠᠷ ᠲᠤ᠌ ᠣᠴᠢᠵᠠᠢ᠃ ᠲᠡᠢᠨ ᠦ᠌ ᠬᠥᠯ ᠳ᠋ᠦ᠍ ᠰᠦᠢᠷᠡᠭᠰᠡᠨ ᠬᠦᠷᠢᠶ᠎ᠡ᠂ ᠦᠬᠦᠯ᠂ ᠴᠢᠰᠤ ᠶ᠋ᠢ ᠲᠡᠮᠦᠵᠢᠨ ᠠᠩᠬ᠎ᠠ ᠤᠳᠠᠭ᠎ᠠ ᠦᠵᠡᠵᠦ ᠶᠠᠭᠤᠨ ᠤ᠋ ᠲᠦᠷᠦᠭᠦᠨ ᠳ᠋ᠦ᠍ ᠠᠮᠢ ᠮᠡᠨᠳᠦ ᠦᠯᠡᠳᠡᠭᠰᠡᠨ ᠳ᠋ᠡᠭᠡᠨ ᠲᠡᠰᠬᠡᠯ ᠦᠭᠡᠢ ᠶᠡᠬᠡ ᠪᠡᠷ ᠬᠥᠭᠡᠷᠦᠨ ᠳᠣᠭᠳᠣᠯᠵᠤ ᠪᠠᠢᠯ᠎ᠠ᠃ ᠳᠣᠯᠣᠭᠠᠨ ᠳ᠋ᠤ᠌ ᠠᠮᠢᠳᠤ ᠦᠯᠡᠳᠡᠵᠦ᠂ ᠢᠯᠠᠯᠲᠠ ᠪᠠᠢᠭᠤᠯᠬᠤ ᠭᠡᠳᠡᠭ ᠳᠡᠩᠳᠡᠭᠦᠦ ᠠᠮᠲᠠᠲᠠᠢ ᠠᠵᠢ᠃ ᠣᠳᠣ ᠲᠡᠭᠦᠨ ᠢ᠋ ᠲᠣᠭᠣᠷᠢᠯ ᠵᠠᠮᠤᠬ᠎ᠠ ᠬᠣᠶᠠᠷ ᠶᠡᠬᠡᠳᠡ ᠲᠣᠭᠣᠵᠤ᠂ ᠬᠦᠨᠳᠦᠳᠬᠡᠨ ᠦᠵᠡᠨ᠎ᠡ ᠭᠡᠵᠦ ᠲᠡᠮᠦᠵᠢᠨ ᠢᠲᠡᠭᠡᠭᠰᠡᠨ ᠪᠢᠯᠡ᠃ ᠲᠡᠳᠡ ᠲᠡᠮᠦᠵᠢᠨ ᠦ᠌ ᠠᠳᠠᠯᠢ ᠰᠤᠮᠤ᠂ ᠰᠡᠯᠡᠮ᠎ᠡ ᠶ᠋ᠢᠨ ᠡᠰᠡᠷᠭᠦ ᠬᠤᠳᠬᠤᠯᠳᠤᠨ ᠲᠤᠯᠤᠯᠳᠤᠭᠰᠠᠨ ᠦᠭᠡᠢ᠂ ᠬᠠᠷᠢᠨ ᠬᠣᠯᠠ ᠦᠭᠡᠢ ᠥᠨᠳᠥᠷᠯᠢᠭ ᠲᠦ᠍ ᠲᠤᠬᠠᠯᠠᠨ ᠰᠠᠭᠤᠵᠤ ᠪᠠᠢᠭᠰᠠᠨ ᠢ᠋ ᠲᠡᠮᠦᠵᠢᠨ ᠮᠡᠳᠡᠭᠰᠡᠨ ᠦᠭᠡᠢ᠃
ᠭᠡᠲᠡᠯ᠎ᠡ ᠢᠯᠠᠯᠲᠠ ᠳ᠋ᠠᠭᠠᠨ ᠰᠠᠭᠰᠠᠭᠤᠷᠠᠨ ᠲᠣᠭᠣᠷᠢᠯ ᠵᠠᠮᠤᠬ᠎ᠠ ᠬᠣᠶᠠᠷ ᠲᠡᠢᠨ ᠦ᠌ ᠣᠯᠵᠠ ᠪᠠᠨ ᠲᠡᠭᠦᠨ ᠡᠴᠡ ᠳᠡᠭᠡᠷ᠎ᠡ ᠳ᠋ᠦ᠍ ᠦᠵᠡᠵᠦ ᠬᠡᠷᠡᠢᠳ ᠦ᠋ᠨ ᠬᠣᠲᠠ ᠬᠦᠷᠢᠶ᠎ᠡ ᠬᠡᠰᠦᠬᠦ ᠪᠡᠷ ᠶᠠᠪᠤᠭᠰᠠᠨ ᠲᠤᠯᠠ ᠲᠡᠮᠦᠵᠢᠨ ᠨᠥᠬᠥᠳ ᠤᠷᠤᠭᠤ ᠪᠠᠨ ᠪᠤᠴᠠᠬᠤ ᠡᠴᠡ ᠥᠭᠡᠷ᠎ᠡ ᠠᠷᠭ᠎ᠠ ᠦᠭᠡᠢ ᠪᠣᠯᠵᠠᠢ᠃ ᠵᠥᠪᠬᠡᠨ ᠣᠯᠵᠠ ᠣᠯᠬᠤ ᠶ᠋ᠢᠨ ᠲᠤᠯᠠᠳᠠ ᠴᠡᠷᠢᠭ ᠢ᠋ᠶ᠋ᠡᠨ ᠬᠥᠳᠡᠯᠭᠡᠭᠰᠡᠨ ᠲᠤᠭᠤᠷᠢᠯ ᠬᠠᠨ ᠪᠣᠯᠤᠨ ᠵᠠᠮᠤᠬ᠎ᠠ ᠶ᠋ᠢᠨ ᠦᠨᠡᠨ ᠳᠦᠷᠢ ᠶ᠋ᠢ ᠲᠡᠷᠡ ᠣᠯᠵᠤ ᠬᠠᠷᠠᠪᠠ᠃ ᠲᠡᠮᠦᠵᠢᠨ ᠣᠳᠣ ᠯᠠ ᠪᠥᠷᠲᠡ ᠶ᠋ᠢ ᠪᠣᠳᠣᠬᠤ ᠲᠠᠢ ᠪᠣᠯᠵᠠᠢ᠃ ᠠᠯᠳᠠᠭᠰᠠᠨ ᠲᠡᠭᠦᠨ ᠢ᠋ ᠪᠡᠨ ᠥᠰᠲᠦ ᠮᠡᠷᠭᠢᠳ ᠦ᠋ᠳ ᠢ᠋ ᠳᠠᠢᠯᠠᠨ ᠢᠯᠠᠭᠠᠳ ᠡᠷᠭᠢᠭᠦᠯᠵᠦ ᠠᠪᠤᠭᠰᠠᠨ ᠭᠡᠬᠦ ᠳ᠋ᠦ᠍ ᠢᠲᠡᠭᠡᠮ᠎ᠡ ᠦᠭᠡᠢ ᠪᠠᠢᠪᠠᠴᠤ ᠡᠷᠭᠢᠨ ᠲᠣᠭᠣᠷᠢᠨ ᠤ᠋ ᠴᠢᠰᠤ᠂ ᠭᠠᠯ ᠲᠦᠢᠮᠡᠷ ᠢ᠋ ᠬᠠᠷᠠᠬᠤ ᠪᠠᠷ ᠢᠲᠡᠭᠡᠬᠦ ᠡᠴᠡ ᠥᠭᠡᠷ᠎ᠡ ᠠᠷᠭ᠎ᠠ ᠦᠭᠡᠢ᠃ ᠤᠰᠤ ᠨᠠᠮᠤᠭ᠂ ᠠᠭᠤᠯᠠ ᠮᠣᠳᠣ ᠶᠡᠬᠡᠲᠡᠢ ᠴᠤ᠌ ᠦᠷᠡᠵᠢᠯ ᠰᠢᠮ᠎ᠡ ᠰᠠᠢᠲᠠᠢ ᠮᠡᠷᠭᠢᠳ ᠠᠢᠮᠠᠭ ᠤ᠋ᠨ ᠨᠤᠲᠤᠭ ᠣᠳᠣ ᠭᠠᠯ ᠲᠦᠢᠮᠡᠷ᠂ ᠤᠲᠤᠭ᠎ᠠ᠂ᠦᠬᠦᠯ᠂ ᠴᠢᠰᠤᠨ ᠳ᠋ᠤ᠌ ᠪᠦᠷᠬᠦᠭᠳᠡᠭᠰᠡᠨ ᠬᠠᠷᠠᠭᠳᠠᠨ᠎ᠠ᠃ ᠮᠣᠷᠢᠨ ᠤ᠋ ᠬᠥᠯ ᠳ᠋ᠦ᠍ ᠪᠠᠢᠰᠬᠢᠭᠡᠳ ᠯᠡ ᠦᠬᠦᠳᠡᠯ ᠬᠡᠭᠦᠷ ᠲᠠᠭᠠᠷᠠᠵᠤ᠂ ᠰᠥᠨᠢ ᠣᠯᠵᠤ ᠤᠨᠤᠭᠰᠠᠨ ᠵᠠᠩ ᠢ᠋ ᠨᠢ ᠮᠡᠳᠡᠬᠦ ᠦᠭᠡᠢ ᠬᠡᠭᠡᠷ ᠮᠣᠷᠢ ᠨᠢ ᠪᠣᠰᠬᠠᠵᠤ ᠦᠷᠭᠦᠭᠡᠳ ᠤᠷᠤᠭᠰᠢ ᠠᠯᠬᠤᠬᠤ ᠦᠭᠡᠢ ᠠᠵᠢ᠃ ᠠᠢᠯ ᠪᠦᠷᠢ ᠶ᠋ᠢᠨ ᠭᠠᠳᠠᠨ᠎ᠠ ᠣᠯᠵᠠᠯᠠᠭᠳᠠᠵᠤ᠂ ᠪᠤᠯᠢᠶᠠᠭᠳᠠᠭᠰᠠᠨ ᠡᠮᠡᠰ ᠥᠬᠢᠳ ᠣᠷᠢᠯᠠᠯᠳᠤᠵᠤ᠂ ᠢᠯᠠᠵᠤ ᠬᠥᠭᠡᠷᠦᠭᠰᠡᠨ ᠡᠷᠡᠰ ᠦ᠋ᠨ ᠬᠥᠭᠡᠷᠦᠯᠳᠦᠨ ᠲᠣᠬᠣᠭᠤᠷᠬᠠᠬᠤ᠂ ᠪᠠᠰᠠ ᠣᠯᠵᠠᠨ ᠤ᠋ ᠡᠮᠡᠰ ᠢ᠋ᠶ᠋ᠡᠨ ᠪᠤᠯᠢᠶᠠᠯᠳᠤᠨ ᠬᠡᠷᠡᠯᠳᠦᠵᠦ ᠵᠣᠳᠣᠯᠳᠤᠬᠤ ᠦᠵᠡᠭᠳᠡᠨ᠎ᠡ᠃ ᠡᠮ᠎ᠡ ᠬᠥᠮᠦᠨ ᠤᠬᠢᠯᠠᠬᠤ ᠰᠣᠨᠣᠰᠳᠠᠬᠤ ᠳ᠋ᠤ᠌ ᠲᠡᠮᠦᠵᠢᠨ ᠬᠠᠢᠷᠠᠲᠠᠢ ᠪᠥᠷᠲᠡ ᠶ᠋ᠢ ᠪᠡᠨ ᠦᠵᠡᠬᠦ ᠰᠠᠨ ᠭᠡᠵᠦ ᠳᠣᠭᠳᠣᠯᠤᠨ ᠴᠡᠴᠡᠷᠡᠵᠡᠢ᠃ ᠰᠥᠨᠢ ᠬᠠᠷᠠᠩᠭᠤᠢ ᠳ᠋ᠤ᠌ ᠣᠰᠣᠯᠳᠠᠬᠤ ᠦᠭᠡᠢ ᠯᠡ ᠡᠷᠡᠭᠦᠯ ᠰᠠᠷᠠᠭᠤᠯ ᠶᠠᠪᠤᠭ᠎ᠠ ᠶ᠋ᠢ ᠮᠡᠳᠡᠵᠦ ᠬᠠᠯᠲᠤ ᠲᠡᠪᠡᠷᠢᠭᠰᠡᠨ ᠡᠴᠡ ᠨᠠᠭᠠᠰᠢ ᠦᠭᠡᠢ᠃ ᠪᠠᠰᠠ ᠣᠯᠠᠨ ᠤ᠋ ᠨᠢᠳᠦᠨ ᠳᠡᠭᠡᠷ᠎ᠡ ᠨᠡᠷᠡᠯᠬᠡᠭᠡ ᠪᠢᠵᠡ᠃ ᠲᠡᠷᠡ ᠶᠠᠭᠠᠷᠠᠵᠤ ᠮᠣᠷᠢ ᠪᠠᠨ ᠭᠤᠶᠠᠳᠠᠯ᠎ᠠ ᠃ ᠠᠮᠠ ᠬᠠᠲᠠᠭᠤ ᠲᠠᠢ ᠠᠭᠰᠤᠮ ᠮᠣᠷᠢ ᠰᠣᠴᠢᠨ ᠤᠬᠤᠰᠬᠢᠵᠦ ᠬᠡᠭᠦᠷ ᠦ᠋ᠨ ᠳᠡᠭᠡᠭᠦᠷ ᠬᠠᠷᠠᠢᠯᠭᠠᠨ ᠳᠠᠪᠬᠢᠵᠠᠢ᠃ ᠣᠳᠣ ᠲᠡᠭᠦᠨ ᠳ᠋ᠦ᠍ ᠪᠥᠷᠲᠡ ᠡᠴᠡ ᠦᠨ᠎ᠡ ᠲᠡᠢ ᠵᠦᠢᠯ ᠦᠭᠡᠢ ᠪᠠᠢᠪᠠ᠃ ᠲᠡᠷᠡ ᠲᠡᠭᠦᠨ ᠢ᠋ ᠪᠡᠨ ᠣᠯᠵᠠᠢ᠃ ᠤᠳᠠᠯ ᠦᠭᠡᠢ ᠭᠡᠷ ᠦ᠋ᠨ ᠡᠭᠦᠳᠡᠨ ᠳ᠋ᠦ᠍ ᠪᠠᠢᠭᠰᠠᠨ ᠴᠠᠭᠠᠨ ᠲᠤᠭ ᠢ᠋ᠶ᠋ᠠᠷ ᠨᠥᠬᠥᠳ ᠢ᠋ ᠪᠡᠨ ᠲᠦᠪᠡᠭ ᠦᠭᠡᠢ ᠲᠠᠨᠢᠵᠤ ᠳᠠᠪᠬᠢᠨ ᠣᠴᠢᠯ᠎ᠠ᠃ ᠮᠡᠷᠭᠢᠳ ᠦ᠋ᠨ ᠡᠵᠡᠯᠡᠭᠳᠡᠭᠰᠡᠨ ᠬᠦᠷᠢᠶᠡᠨ ᠦ᠌ ᠵᠢᠵᠢᠭ ᠲᠣᠮᠣ ᠣᠯᠠᠨ ᠭᠡᠷ ᠭᠣᠣᠯ ᠤ᠋ᠨ ᠡᠷᠭᠢ ᠶ᠋ᠢᠨ ᠬᠢᠰᠠᠭᠠᠨ ᠤ᠋ ᠳᠣᠣᠷ᠎ᠠ ᠨᠢᠭᠤᠭᠳᠠᠬᠤ ᠮᠡᠲᠦ ᠪᠠᠢᠷᠢᠯᠠᠵᠠᠢ᠃ ᠲᠡᠨᠳᠡ ᠲᠡᠮᠦᠵᠢᠨ ᠦ᠌ ᠨᠥᠬᠥᠳ ᠣᠯᠵᠠ ᠪᠠᠨ ᠴᠤᠭᠯᠠᠭᠤᠯᠤᠭᠠᠳ ᠬᠦᠯᠢᠶᠡᠵᠦ ᠪᠠᠢᠪᠠ᠃ ᠠᠳᠤᠭᠤ᠂ ᠦᠬᠡᠷ ᠭᠣᠣᠯᠳᠠᠭᠤ ᠣᠯᠠᠨ ᠮᠠᠯ ᠤ᠋ᠨ ᠵᠠᠬ᠎ᠠ ᠳ᠋ᠤ᠌ ᠡᠷ᠎ᠡ ᠡᠮ᠎ᠡ ᠨᠡᠢᠯᠡᠭᠰᠡᠨ ᠣᠯᠵᠠᠨ ᠤ᠋ ᠬᠥᠮᠦᠰ ᠭᠠᠵᠠᠷ ᠰᠥᠬᠥᠷᠦᠨ ᠰᠠᠭᠤᠵᠠᠭᠠᠭᠰᠠᠨ ᠤ᠋ ᠳᠡᠷᠭᠡᠳᠡ ᠪᠤᠭᠤᠷᠴᠢ᠂ ᠵᠡᠯᠮ᠎ᠡ᠂ ᠪᠡᠯᠭᠦᠳᠡᠢ ᠭᠤᠷᠪᠠ ᠢᠨᠢᠶᠡᠳᠦ ᠠᠯᠳᠠᠭᠰᠠᠭᠠᠷ ᠤᠭᠲᠤᠯ᠎ᠠ᠃ ᠵᠡᠯᠮ᠎ᠡ ᠯᠠ ᠮᠣᠷᠢᠨ ᠡᠴᠡ ᠤᠨᠠᠬᠤ ᠳ᠋ᠠᠭᠠᠨ ᠭᠠᠷ ᠢ᠋ᠶ᠋ᠠᠨ ᠪᠣᠯᠭᠠᠯᠠᠭᠰᠠᠨ ᠢ᠋ ᠡᠰᠡ ᠲᠣᠭᠠᠴᠢᠪᠠᠯ ᠡᠨᠡ ᠳᠣᠯᠣᠭᠠᠨ ᠳ᠋ᠤ᠌ ᠲᠡᠳᠡ ᠠᠵᠠ ᠬᠡᠢ ᠮᠣᠷᠢ ᠲᠠᠢ ᠪᠠᠢᠵᠠᠢ᠃
— ᠪᠥᠷᠲᠡ ᠶᠠᠭᠠᠬᠢᠭᠰᠠᠨ? ᠭᠡᠵᠦ ᠲᠡᠮᠦᠵᠢᠨ ᠶᠠᠭᠠᠷᠠᠨ ᠠᠰᠠᠭᠤᠪᠠ᠃
— ᠪᠥᠷᠲᠡ ᠵᠦᠭᠡᠷ᠃ ᠬᠠᠰᠠᠷ ᠬᠤᠸᠠᠭᠴᠢᠨ ᠡᠮᠡᠭᠡᠨ ᠦ᠌ ᠬᠠᠮᠲᠤ ᠠᠰᠠᠷᠠᠵᠤ ᠪᠠᠢᠭ᠎ᠠ᠂ ᠮᠡᠷᠭᠢᠳ ᠦ᠋ᠨ ᠡᠮᠡᠰ ᠶᠡᠬᠡ ᠴᠢᠷᠠᠢᠯᠢᠭ ᠶᠤᠮ᠃ ᠴᠢ ᠬᠠᠷᠠᠯ ᠳᠠ ᠭᠡᠵᠦ ᠪᠤᠭᠤᠷᠴᠢ ᠳᠦᠢᠪᠡᠭᠦᠯᠦᠨ ᠬᠡᠯᠡᠭᠡᠳ ᠬᠠᠷᠠᠴᠠ ᠪᠠᠨ ᠣᠯᠵᠠᠨ ᠤ᠋ ᠡᠮᠡᠰ ᠥᠬᠢᠳ ᠲᠦ᠍ ᠳᠤᠰᠬᠠᠨ ᠮᠠᠰᠠᠢᠲᠠᠯᠠ ᠢᠨᠢᠶᠡᠵᠦ ᠪᠠᠢᠪᠠ᠃ ᠢᠨᠢᠶᠡᠬᠦ ᠳ᠋ᠦ᠍ᠨᠢ ᠬᠣᠶᠠᠷ ᠨᠢᠳᠦ ᠨᠢ ᠵᠢᠷᠤᠭᠠᠰᠤ ᠠᠳᠠᠯᠢ ᠦᠵᠡᠭᠳᠡᠬᠦ ᠦᠭᠡᠢ ᠪᠣᠯᠤᠯ᠎ᠠ᠃ ᠪᠤᠭᠤᠷᠴᠢ ᠶ᠋ᠢᠨ ᠢᠩᠭᠢᠵᠦ ᠲᠠᠯᠪᠢᠭᠤᠨ ᠰᠠᠢᠬᠠᠨ ᠢᠨᠢᠶᠡᠬᠦ ᠳ᠋ᠦ᠍ ᠲᠡᠮᠦᠵᠢᠨ ᠲᠤᠢᠯ ᠤ᠋ᠨ ᠳᠤᠷᠠᠲᠠᠢ᠃ ᠨᠠᠢ᠍ᠮᠠᠨ ᠰᠢᠷᠭ᠎ᠠ ᠮᠣᠷᠢ ᠪᠠᠨ ᠬᠤᠯᠠᠭᠠᠢ ᠳ᠋ᠤ᠌ ᠠᠯᠳᠠᠭᠠᠳ ᠪᠡᠳᠡᠷᠢᠵᠦ ᠶᠠᠪᠤᠬᠤ ᠳ᠋ᠤ᠌ ᠠᠷᠪᠠᠨ ᠭᠤᠷᠪᠠᠨ ᠨᠠᠰᠤᠲᠠᠢ ᠪᠤᠭᠤᠷᠴᠢ ᠠᠳᠤᠭᠤᠨ ᠤ᠋ ᠪᠠᠨ ᠵᠠᠬ᠎ᠠ ᠳ᠋ᠤ᠌ ᠶᠠᠭ ᠯᠠ ᠢᠩᠭᠢᠵᠦ ᠴᠢᠩ ᠰᠡᠳᠬᠢᠯ ᠡᠴᠡ ᠪᠡᠨ ᠭᠬᠢᠷ ᠦᠭᠡᠢ ᠴᠠᠭᠠᠨ ᠢ᠋ᠶ᠋ᠠᠷ ᠢᠨᠢᠶᠡᠭᠰᠡᠭᠡᠷ ᠤᠭᠲᠤᠭᠰᠠᠨ ᠪᠢᠯᠡ᠃ ᠲᠡᠭᠦᠨ ᠦ᠌ ᠡᠨᠡ ᠢᠨᠢᠶᠡᠳᠦᠨ ᠳ᠋ᠦ᠍ ᠢᠲᠡᠭᠡᠯ᠂ ᠪᠠᠰᠠ ᠲᠤᠩᠭᠠᠯᠠᠭ ᠠᠷᠢᠭᠤᠨ ᠰᠡᠳᠬᠢᠯ ᠨᠢ ᠢᠯᠡᠷᠡᠨ ᠪᠠᠢᠳᠠᠭ᠃ ᠲᠡᠮᠦᠵᠢᠨ ᠴᠦ᠍ ᠥᠪᠡᠷ ᠦ᠋ᠨ ᠣᠯᠵᠠ ᠶ᠋ᠢ ᠬᠠᠷᠠᠭᠠᠳ ᠲᠡᠰᠬᠡᠯ ᠦᠭᠡᠢ ᠪᠡᠶᠡᠰᠪᠡ᠃
— ᠲᠡᠮᠦᠵᠢᠨ ᠠᠬ᠎ᠠ᠃ ᠡᠨᠡ ᠪᠢᠳᠡᠨ ᠦ᠌ ᠣᠯᠵᠠ ᠭᠡᠵᠦ ᠪᠡᠯᠭᠦᠳᠡᠢ ᠴᠢᠰᠤ ᠨᠢ ᠠᠷᠢᠯᠤᠭ᠎ᠠ ᠦᠭᠡᠢ ᠭᠠᠷ ᠢ᠋ᠶ᠋ᠠᠷ ᠢ᠋ᠶ᠋ᠠᠨ ᠬᠥᠮᠦᠰ ᠪᠣᠯᠤᠭᠠᠳ ᠬᠤᠷᠢᠶᠠᠭᠰᠠᠨ ᠡᠳ᠋ ᠠᠭᠤᠷᠠᠰᠤ ᠶ᠋ᠢ ᠵᠢᠭᠠᠵᠤ ᠪᠠᠶᠠᠷᠲᠠᠢ ᠥᠭᠦᠯᠡᠨ᠎ᠡ᠃ ᠲᠡᠳᠡᠨ ᠦ᠌ ᠡᠵᠡᠯᠡᠨ ᠠᠪᠤᠭᠰᠠᠨ ᠬᠦᠷᠢᠶᠡᠨ ᠳ᠋ᠦ᠍ ᠪᠠᠢᠭᠰᠠᠨ ᠠᠢᠯ ᠤ᠋ᠳ ᠤ᠋ᠨ ᠡᠮᠡᠰ ᠭᠣᠣᠯᠳᠠᠭᠤ᠂ ᠵᠠᠭᠤ ᠢᠯᠡᠭᠦᠦ ᠬᠥᠮᠦᠨ ᠢ᠋ ᠣᠯᠵᠠᠯᠠᠨ ᠠᠪᠴᠠᠢ᠃
— ᠡᠷᠡᠴᠦᠳ ᠢ᠋ ᠨᠢ ᠴᠡᠷᠢᠭ ᠪᠣᠯᠭᠠᠵᠤ ᠠᠪᠤᠶ᠎ᠠ ᠭᠡᠵᠦ ᠪᠤᠭᠤᠷᠴᠢ ᠬᠡᠯᠡᠭᠡᠳ ᠣᠪᠣᠭᠠᠯᠠᠵᠤ ᠴᠤᠭᠯᠠᠭᠤᠯᠤᠭᠰᠠᠨ ᠣᠯᠵᠠᠨ ᠵᠠᠬ᠎ᠠ ᠡᠴᠡ ᠨᠢᠭᠡ ᠪᠦᠰᠡ ᠠᠪᠴᠤ ᠲᠡᠭᠦᠨ ᠳ᠋ᠦ᠍ ᠰᠠᠷᠪᠠᠢᠪᠠ᠃
— ᠮᠠᠢ᠃ ᠡᠨᠡ ᠠᠯᠲᠠᠨ ᠪᠦᠰᠡ᠃ ᠮᠡᠷᠭᠢᠳ ᠦ᠋ᠨ ᠲᠣᠯᠣᠭᠠᠢᠯᠠᠭᠴᠢ ᠥᠨᠥ ᠲᠣᠭᠲᠠᠭ᠎ᠠ ᠪᠡᠬᠢ ᠶ᠋ᠢᠨ ᠪᠦᠰᠡ ᠭᠡᠨ᠎ᠡ᠃ ᠴᠢᠮᠠᠲᠤ ᠥᠭᠭᠦᠶ᠎ᠡ᠃ ᠴᠢ ᠵᠡᠭᠦᠵᠦ ᠶᠠᠪᠤ᠃ ᠴᠢᠨᠦ ᠣᠯᠵᠠ ᠭᠡᠵᠦ ᠪᠣᠭᠣᠷᠴᠢ ᠶᠣᠰᠣᠯᠠᠯ ᠲᠡᠭᠦᠯᠳᠡᠷ ᠬᠡᠯᠡᠭᠡᠳ ᠰᠠᠷᠪᠠᠢᠬᠤ ᠳ᠋ᠤᠨᠢ ᠲᠡᠮᠦᠵᠢᠨ ᠪᠡᠶᠡᠰᠦᠨ ᠠᠪᠴᠤ ᠪᠦᠰᠡᠯᠡᠪᠡ᠃ ᠲᠡᠷᠡ ᠮᠡᠷᠭᠢᠳ ᠠᠢᠮᠠᠭ ᠤ᠋ᠨ ᠭᠤᠷᠪᠠᠨ ᠤᠳᠤᠷᠢᠳᠤᠭᠴᠢ ᠶ᠋ᠢᠨ ᠨᠢᠭᠡ᠂ ᠪᠥᠷᠲᠡ ᠶ᠋ᠢ ᠪᠤᠯᠢᠶᠠᠨ ᠠᠪᠤᠭᠰᠠᠨ ᠥᠰᠲᠦ ᠲᠣᠭᠲᠠᠭ᠎ᠠ ᠪᠡᠬᠢ ᠶ᠋ᠢᠨ ᠠᠯᠲᠠᠨ ᠪᠦᠰᠡ ᠶ᠋ᠢ ᠪᠦᠰᠡᠯᠡᠬᠦ ᠨᠢ ᠡᠨᠡ᠃
— ᠲᠡᠷᠡ ᠬᠠᠮᠢᠭ᠎ᠠ ᠪᠠᠢᠨ᠎ᠠ?
— ᠲᠣᠭᠲᠠᠭ᠎ᠠ ᠪᠡᠬᠢ ᠵᠢᠭᠤᠲᠠᠭᠰᠠᠨ ᠭᠡᠨ᠎ᠡ᠃ ᠪᠦᠷ ᠪᠢᠳᠡᠨ ᠢ᠋ ᠢᠷᠡᠬᠦ ᠡᠴᠡ ᠡᠮᠦᠨ᠎ᠡ ᠠᠮᠵᠢᠵᠤ ᠬᠣᠢᠰᠢ ᠪᠠᠨ ᠪᠠᠷᠭᠤᠵᠢᠨ ᠳᠥᠭᠥᠮ ᠭᠡᠳᠡᠭ ᠭᠠᠵᠠᠷ ᠣᠳᠴᠠᠢ ᠭᠡᠵᠦ ᠪᠤᠭᠤᠷᠴᠢ ᠶ᠋ᠢ ᠬᠡᠯᠡᠬᠦ ᠳ᠋ᠦ᠍ ᠲᠡᠮᠦᠵᠢᠨ ᠦ᠌ ᠳᠣᠲᠣᠷ᠎ᠠ ᠦᠵᠡᠨ ᠶᠠᠳᠠᠬᠤ᠂ ᠬᠠᠷᠠᠮᠰᠠᠬᠤ ᠰᠡᠳᠬᠢᠯ ᠣᠪᠣᠯᠵᠠᠵᠤ
— ᠪᠢ ᠲᠡᠭᠦᠨ ᠢ᠋ ᠥᠪᠡᠷ ᠦ᠋ᠨ ᠭᠠᠷ ᠢ᠋ᠶ᠋ᠠᠷ ᠬᠣᠷᠣᠭᠠᠬᠤ ᠪᠠᠢᠭᠰᠠᠨ ᠶᠤᠮ ᠭᠡᠵᠦ ᠰᠡᠳᠬᠢᠯ ᠦ᠋ᠨ ᠳᠣᠲᠣᠷ᠎ᠠ ᠭᠠᠯ ᠮᠡᠲᠦ ᠳᠦᠷᠡᠯᠵᠡᠨ ᠪᠣᠢ ᠮᠡᠲᠦ ᠥᠰᠢᠶ᠎ᠡ ᠬᠣᠷᠣᠰᠤᠯ ᠤ᠋ᠨ ᠤᠲᠤᠭ᠎ᠠ ᠶ᠋ᠢ ᠬᠠᠮᠠᠷ ᠢ᠋ᠶ᠋ᠠᠷ ᠢ᠋ᠶ᠋ᠠᠨ ᠰᠠᠪᠰᠠᠭᠤᠯᠬᠤ ᠰᠢᠬᠠᠮ ᠥᠭᠦᠯᠡᠵᠡᠢ᠃
— ᠪᠥᠷᠲᠡ ᠶᠠᠭᠠᠬᠢᠭᠰᠠᠨ? ᠶᠠᠭᠠᠬᠢᠭᠠᠳ ᠦᠵᠡᠭᠳᠡᠬᠦ ᠦᠭᠡᠢ ᠪᠠᠢᠨ᠎ᠠ? ᠭᠡᠵᠦ ᠥᠪᠡᠷ ᠢ᠋ ᠪᠡᠨ ᠲᠠᠢᠪᠤᠰᠢᠷᠠᠭᠤᠯᠤᠨ ᠳᠠᠬᠢᠨ ᠠᠰᠠᠭᠤᠬᠤ ᠳ᠋ᠤ᠌ ᠪᠡᠯᠭᠦᠳᠡᠢ
— ᠣᠳᠣ ᠢᠷᠡᠬᠦ ᠪᠢᠵᠡ ᠭᠡᠵᠦ ᠨᠠᠮ ᠳᠠᠭᠤ ᠪᠠᠷ ᠬᠡᠯᠡᠪᠡ᠃
— ᠪᠥᠷᠲᠡ ᠶ᠋ᠢ ᠪᠤᠯᠢᠶᠠᠭᠰᠠᠨ ᠭᠤᠷᠪᠠᠨ ᠵᠠᠭᠤᠨ ᠮᠡᠷᠭᠢᠳ ᠡᠴᠡ ᠣᠯᠵᠠᠯᠠᠭᠳᠠᠭᠰᠠᠨ ᠬᠥᠮᠦᠨ ᠪᠠᠢᠨ᠎ᠠ ᠤᠤ? ᠭᠡᠵᠦ ᠲᠡᠮᠦᠵᠢᠨ ᠢ᠋ ᠮᠠᠷᠲᠠᠭᠰᠠᠨ ᠢ᠋ᠶ᠋ᠠᠨ ᠰᠠᠨᠠᠨ ᠬᠣᠷᠣᠰᠤᠯ ᠳᠦᠭᠦᠷᠡᠩ ᠰᠢᠪᠡᠨᠡᠬᠦ ᠳ᠋ᠦ᠍
— ᠪᠠᠢᠭᠰᠠᠨ ᠬᠡᠳᠦ ᠶ᠋ᠢ ᠨᠢ ᠪᠢᠳᠡ ᠣᠯᠤᠭᠠᠳ ᠪᠦᠭᠦᠳᠡ ᠶ᠋ᠢ ᠨᠢ ᠴᠠᠪᠴᠢᠵᠤ ᠠᠯᠠᠭᠰᠠᠨ ᠭᠡᠵᠦ ᠪᠡᠯᠭᠦᠳᠡᠢ ᠪᠠᠷᠳᠠᠮᠨᠠᠪᠠ᠃ ᠦᠨᠡᠬᠡᠷ ᠲᠣᠭᠲᠠᠭ᠎ᠠ ᠪᠡᠬᠢ ᠶ᠋ᠢ ᠳᠠᠭᠠᠵᠤ ᠲᠡᠮᠦᠵᠢᠨ ᠢ᠋ ᠳᠣᠪᠲᠣᠯᠤᠨ ᠪᠥᠷᠲᠡ ᠶ᠋ᠢ ᠪᠤᠯᠢᠶᠠᠨ ᠠᠪᠤᠭᠰᠠᠨ ᠭᠤᠷᠪᠠᠨ ᠵᠠᠭᠤᠨ ᠮᠡᠷᠭᠢᠳ ᠢ᠋ ᠡᠷᠢᠵᠦ ᠣᠯᠵᠤ ᠬᠢᠳᠤᠵᠤ ᠳᠠᠭᠤᠰᠬᠠᠬᠤ ᠭᠡᠵᠦ ᠲᠡᠳᠡ ᠪᠦᠲᠦᠨ ᠡᠳᠦᠷ ᠦ᠋ᠨ ᠲᠤᠷᠰᠢ ᠪᠠᠭ᠎ᠠ ᠦᠭᠡᠢ ᠬᠥᠯ ᠪᠤᠯᠵᠠᠭᠠᠭᠰᠠᠨ ᠪᠢᠯᠡ᠃
— ᠦᠷ᠎ᠡ ᠤᠳᠤᠮ ᠢ᠋ ᠨᠢ ᠴᠤ᠌ ᠪᠦᠦ ᠠᠮᠢᠳᠤ ᠦᠯᠡᠳᠡᠭᠡ᠃ ᠪᠠᠰᠠ ᠡᠨᠡ ᠣᠯᠵᠠᠨ ᠡᠴᠡ ᠶᠠᠭᠤ ᠴᠤ᠌ ᠪᠦᠦ ᠠᠪᠤᠭᠲᠤᠨ ᠭᠡᠵᠦ ᠲᠡᠮᠦᠵᠢᠨ ᠶᠠᠭᠠᠬᠢᠭᠠᠳ ᠠᠭᠤᠷ ᠨᠢ ᠰᠢᠲᠠᠭᠠᠳ ᠪᠠᠢᠭ᠎ᠠ ᠶ᠋ᠢ ᠥᠪᠡᠷ ᠢ᠋ᠶ᠋ᠡᠨ ᠴᠤ᠌ ᠣᠢᠯᠠᠭᠠᠬᠤ ᠦᠭᠡᠢ ᠬᠠᠰᠬᠢᠷᠪᠠ᠃ ᠪᠤᠭᠤᠷᠴᠢ ᠪᠡᠯᠭᠦᠳᠡᠢ ᠬᠣᠶᠠᠷ ᠠᠶᠤᠭᠰᠠᠨ ᠭᠡᠬᠦ ᠡᠴᠡ ᠪᠡᠨ ᠢᠯᠡᠭᠦᠦ ᠭᠠᠢᠬᠠᠭᠰᠠᠨ ᠳ᠋ᠠᠭᠠᠨ ᠲᠠᠭ ᠭᠥᠯᠢᠷᠡᠪᠡ᠃ ᠪᠤᠯᠢᠶᠠᠭᠰᠠᠨ ᠮᠠᠯ ᠰᠦᠷᠦᠭ᠂ ᠡᠳ᠋ ᠠᠭᠤᠷᠠᠰᠤ᠂ ᠣᠯᠵᠠᠯᠠᠭᠰᠠᠨ ᠡᠮᠡᠰ ᠥᠬᠢᠳ ᠢ᠋ ᠬᠠᠷᠠᠭᠠᠳ ᠪᠠᠬᠠᠷᠬᠠᠨ ᠬᠥᠭᠡᠷᠴᠦ ᠬᠠᠩᠬᠤ ᠦᠭᠡᠢ ᠪᠠᠢᠭᠰᠠᠨ ᠲᠡᠳᠡᠨ ᠢ᠋ ᠲᠡᠮᠦᠵᠢᠨ ᠦ᠌ ᠡᠨᠡ ᠦᠭᠡ ᠨᠢᠭᠤᠷ ᠤᠷᠤᠭᠤ ᠨᠢ ᠬᠦᠢᠲᠡᠨ ᠤᠰᠤ ᠰᠠᠴᠤᠭᠰᠠᠨ ᠮᠡᠲᠦ ᠰᠣᠴᠢᠭᠠᠯᠠ᠃
— ᠶᠠᠪᠤᠵᠠᠭᠠᠶ᠎ᠠ᠃ ᠪᠥᠷᠲᠡ ᠬᠠᠮᠢᠭ᠎ᠠ ᠪᠠᠢᠨ᠎ᠠ? ᠣᠴᠢᠶ᠎ᠠ᠃
— ᠪᠠᠢᠵᠠ ᠴᠢ ᠬᠦᠯᠢᠶᠡ ᠭᠡᠵᠦ ᠪᠤᠭᠤᠷᠴᠢ ᠶ᠋ᠢ ᠬᠣᠷᠢᠭᠯᠠᠬᠤ ᠳ᠋ᠤ᠌ ᠲᠡᠮᠦᠵᠢᠨ ᠭᠠᠢᠬᠠᠨ ᠬᠠᠷᠠᠯ᠎ᠠ᠃
— ᠶᠠᠭᠠᠬᠢᠪᠠ ᠴᠢ ᠭᠡᠪᠡᠴᠦ ᠪᠤᠭᠤᠷᠴᠢ ᠬᠠᠷᠢᠭᠤ ᠬᠡᠯᠡᠵᠦ ᠠᠮᠵᠢᠭᠰᠠᠨ ᠦᠭᠡᠢ᠃ ᠣᠯᠠᠨ ᠴᠡᠷᠢᠭ ᠢ᠋ᠶ᠋ᠡᠷ ᠬᠠᠮᠠᠭᠠᠯᠠᠭᠤᠯᠵᠤ ᠰᠦᠷ ᠢ᠋ ᠪᠠᠳᠠᠷᠠᠭᠤᠯᠤᠭᠰᠠᠨ ᠲᠤᠭᠤᠷᠢᠯ ᠬᠠᠨ ᠳᠠᠪᠬᠢᠨ ᠢᠷᠡᠭᠰᠡᠨ ᠨᠢ ᠲᠡᠷᠡ ᠪᠠᠢᠪᠠ᠃ ᠲᠡᠭᠦᠨ ᠲᠡᠢ ᠬᠠᠮᠲᠤ ᠵᠠᠮᠤᠬ᠎ᠠ ᠢᠷᠡᠵᠡᠢ᠃ ᠲᠡᠳᠡ ᠣᠯᠵᠠ ᠪᠠᠨ ᠴᠤᠭᠯᠠᠭᠤᠯᠵᠤ ᠶᠠᠪᠤᠭ᠎ᠠ ᠨᠢ ᠡᠨᠡ ᠶᠤᠮ᠃ ᠲᠣᠭᠣᠷᠢᠯ ᠬᠠᠨ ᠬᠠᠯᠠᠮᠴᠠᠭᠤᠬᠠᠨ᠂ ᠥᠭᠭᠢᠶᠡᠮᠦᠷ ᠰᠠᠢᠬᠠᠨ ᠵᠠᠩ ᠲᠠᠢ᠂ ᠬᠠᠷᠢᠨ ᠵᠠᠮᠤᠬ᠎ᠠ ᠲᠡᠭᠦᠨ ᠦ᠌ ᠰᠠᠭᠰᠠᠭᠤ ᠣᠢᠪᠣᠷᠭᠠᠨ ᠠᠭᠰᠠᠨ ᠡᠴᠡ ᠵᠢᠭᠠᠯ ᠰᠠᠨᠠᠭ᠎ᠠ ᠵᠣᠪᠠᠵᠤ ᠢᠴᠢᠭᠰᠡᠨ ᠶᠠᠩᠵᠤ ᠲᠠᠢ ᠬᠠᠷᠠᠭᠳᠠᠨ᠎ᠠ᠃
— ᠲᠡᠮᠦᠵᠢᠨ᠃ ᠬᠦᠦ ᠮᠢᠨᠢ᠃ ᠴᠢᠨᠦ ᠣᠯᠵᠠ ᠶᠡᠷᠦ ᠳ᠋ᠡᠭᠡᠨ ᠡᠨᠡ ᠤᠤ ᠭᠡᠵᠦ ᠲᠣᠭᠣᠷᠢᠯ ᠴᠢᠩᠭ᠎ᠠ ᠳᠠᠭᠤ ᠪᠠᠷ ᠪᠠᠰᠤᠬᠤ ᠮᠡᠲᠦ ᠠᠰᠠᠭᠤᠩᠭᠠᠨ ᠡᠨᠡ ᠲᠡᠷᠡ ᠶᠠᠭᠤᠮ᠎ᠠ ᠶ᠋ᠢ ᠲᠠᠰᠢᠭᠤᠷ ᠢ᠋ᠶ᠋ᠠᠷ ᠬᠠᠳᠬᠤᠵᠤ᠂ ᠢᠰᠬᠦᠯᠵᠦ ᠦᠵᠡᠨ᠎ᠡ᠃ ᠲᠡᠷᠡ ᠬᠡᠳᠦᠢ ᠪᠡᠷ ᠲᠣᠭᠣᠬᠤ ᠦᠭᠡᠢ ᠴᠢᠷᠠᠢ ᠡᠰᠬᠡᠪᠡᠴᠦ ᠰᠢᠨᠤᠭ ᠰᠤᠪᠳᠠᠭ ᠨᠢᠳᠦ ᠨᠢ ᠣᠯᠵᠠᠨ ᠤ᠋ ᠥᠩᠭᠡᠲᠡᠢ ᠳ᠋ᠦ᠍ ᠲᠤᠰᠤᠨ᠎ᠠ᠃
ᠲᠡᠮᠦᠵᠢᠨ ᠲᠡᠭᠦᠨ ᠢ᠋ ᠬᠦᠨᠳᠦᠳᠬᠡᠨ ᠳᠠᠭᠤ ᠦᠭᠡᠢ ᠵᠣᠭᠰᠣᠵᠤ ᠪᠠᠢᠯ᠎ᠠ᠃ ᠲᠤᠭᠤᠷᠢᠯ ᠲᠡᠮᠦᠵᠢᠨ ᠦ᠌ ᠣᠯᠵᠠ ᠶ᠋ᠢ ᠰᠢᠨᠵᠢᠭᠡᠳ ᠠᠪᠴᠢᠬᠠᠮᠠᠷ ᠶᠠᠭᠤᠮ᠎ᠠ ᠦᠭᠡᠢ ᠳ᠋ᠦ᠍ ᠡᠷᠭᠢᠵᠦ ᠢᠷᠡᠪᠡ᠃
— ᠲᠡᠮᠦᠵᠢᠨ᠂ ᠴᠢᠮ᠎ᠠ ᠰᠢᠭ᠋ ᠶᠠᠳᠠᠭᠤ ᠬᠥᠮᠦᠨ ᠳ᠋ᠦ᠍ ᠣᠳᠣ ᠡᠪᠳᠡᠷᠬᠡᠢ ᠲᠡᠷᠭᠡ᠂ ᠡᠴᠡᠩᠬᠡᠢ ᠮᠣᠷᠢ᠂ ᠡᠮᠡᠭᠡᠯ ᠬᠠᠵᠠᠭᠠᠷ ᠴᠤ᠌ ᠪᠠᠢᠬᠤ ᠬᠡᠷᠡᠭᠲᠡᠢ᠃ ᠵᠠᠮᠤᠬ᠎ᠠ ᠪᠢᠳᠡ ᠬᠣᠶᠠᠷ ᠰᠠᠶᠢ ᠥᠪᠡᠷ ᠦ᠋ᠨ ᠣᠯᠵᠠ ᠶ᠋ᠢ ᠰᠣᠩᠭᠣᠵᠤ ᠠᠪᠤᠯ᠎ᠠ᠃ ᠬᠠᠷᠢᠨ ᠲᠡᠮᠦᠵᠢᠨ ᠴᠢ ᠮᠡᠷᠭᠢᠳ ᠦ᠋ᠨ ᠡᠵᠡᠯᠡᠭᠳᠡᠭᠰᠡᠨ ᠬᠦᠷᠢᠶᠡᠨ ᠳ᠋ᠦ᠍ ᠪᠢᠳᠡᠨ ᠦ᠌ ᠦᠯᠡᠳᠡᠭᠡᠭᠰᠡᠨ ᠪᠦᠬᠦ ᠶᠠᠭᠤᠮ᠎ᠠ ᠶ᠋ᠢ ᠬᠠᠮᠤᠵᠤ ᠠᠪ᠃ ᠪᠣᠯᠤᠨ᠎ᠠ ᠪᠢᠵᠡ ᠳᠡ᠃ ᠵᠠᠮᠤᠬ᠎ᠠ ᠳᠡᠭᠦᠦ ᠮᠢᠨᠢ ᠭᠡᠵᠦ ᠲᠣᠭᠣᠷᠢᠯ ᠬᠠᠳᠠᠨ ᠳᠡᠭᠡᠷ᠎ᠡ ᠰᠠᠭᠤᠬᠤ ᠦᠯᠦ ᠬᠠᠯᠵᠠᠨ( ᠮᠠᠩᠨᠠᠢ ᠳᠣᠭᠣᠭᠰᠢ ᠬᠠᠯᠵᠠᠨ᠂ ᠦᠰᠦ ᠦᠭᠡᠢ) ᠪᠦᠷᠭᠦᠳ ᠬᠠᠪᠰᠢᠬᠤ ᠰᠢᠭ᠋ ᠲᠣᠩᠭᠣᠯᠵᠠᠨ ᠥᠭᠭᠢᠶᠡᠮᠦᠷ ᠵᠠᠩ ᠭᠠᠷᠭᠠᠪᠠ᠃
— ᠲᠡᠮᠦᠵᠢᠨ᠃ ᠲᠤᠭᠤᠷᠢᠯ ᠬᠠᠨ ᠴᠢᠩ ᠦᠨᠡᠨ ᠦᠭᠡ ᠬᠡᠯᠡᠪᠡ᠃ ᠴᠢᠮᠠᠲᠤ ᠣᠳᠣ ᠶᠠᠭᠤᠮ᠎ᠠ ᠪᠦᠬᠦᠨ ᠬᠡᠷᠡᠭᠲᠡᠢ᠃ ᠪᠢ ᠴᠢᠮᠠᠲᠤ ᠲᠡᠢᠨ ᠦ᠌ ᠪᠡᠨ ᠣᠯᠵᠠᠨ ᠤ᠋ ᠥᠪᠡᠷ ᠦ᠋ᠨ ᠬᠤᠪᠢ ᠶ᠋ᠢ ᠥᠭᠭᠦᠶ᠎ᠡ᠃ ᠴᠢ ᠠᠪ᠃ ᠪᠠᠰᠠ ᠪᠥᠷᠲᠡ ᠡᠴᠡ ᠳᠤᠲᠠᠬᠤ ᠦᠭᠡᠢ ᠦᠵᠡᠰᠬᠦᠯᠡᠩᠲᠦ ᠡᠮᠡᠰ ᠥᠬᠢᠳ ᠪᠠᠢᠪᠠᠯ ᠴᠢ ᠳᠤᠷ᠎ᠠ ᠪᠠᠷ ᠢ᠋ᠶ᠋ᠠᠨ ᠰᠣᠩᠭᠣᠵᠤ ᠠᠪ᠃ ᠲᠡᠷᠡ ᠥᠬᠢᠳ ᠢ᠋ ᠪᠢᠳᠡᠨ ᠦ᠌ ᠢᠯᠠᠯᠲᠠ ᠶ᠋ᠢᠨ ᠪᠠᠲᠤᠯᠠᠭ᠎ᠠ ᠪᠣᠯᠭᠠᠵᠤ ᠭᠡᠷ ᠲᠡᠭᠡᠨ ᠠᠪᠴᠢᠷᠠᠵᠤ ᠲᠠᠲᠠᠪᠤᠷᠢ ᠡᠮ᠎ᠡ ᠪᠡᠨ ᠪᠣᠯᠭ᠎ᠠ᠃ ᠪᠥᠷᠲᠡ ᠶ᠋ᠢᠨ ᠳᠡᠷᠭᠡᠳᠡ ᠪᠠᠬᠠᠷᠬᠠᠯᠲᠠᠢ ᠪᠢᠰᠢ ᠤᠤ?
ᠨᠢᠭᠡᠨᠲᠡ ᠮᠡᠷᠭᠢᠳ ᠦ᠋ᠳ ᠡᠬᠡᠨᠡᠷ ᠢ᠋ ᠴᠢᠨᠢ ᠪᠤᠯᠢᠶᠠᠭᠰᠠᠨ ᠪᠣᠯᠬᠣᠷ ᠴᠢ ᠮᠡᠷᠭᠢᠳ ᠥᠬᠢᠳ ᠢ᠋ ᠡᠳ᠋ᠯᠡᠬᠦ ᠨᠢ ᠰᠢᠳᠤᠷᠭᠤ ᠬᠡᠷᠡᠭ ᠪᠣᠯᠤᠨ᠎ᠠ᠃ ᠶᠡᠷᠦ ᠡᠴᠡ ᠪᠢ ᠲᠡᠮᠦᠵᠢᠨ ᠴᠢᠮᠠᠲᠤ ᠲᠡᠢᠨ ᠦ᠌ ᠣᠯᠵᠠᠨ ᠡᠴᠡ ᠪᠠᠨ ᠬᠡᠳᠦᠨ ᠭᠤᠸ᠎ᠠ ᠥᠬᠢᠨ ᠰᠢᠯᠢᠵᠦ ᠪᠡᠯᠡᠭᠯᠡᠶ᠎ᠡ᠃
ᠵᠠᠮᠤᠬ᠎ᠠ ᠶ᠋ᠢᠨ ᠦᠭᠡ ᠬᠤᠤᠳᠤᠤ ᠦᠭᠡᠢ ᠦᠨᠡᠨ ᠰᠡᠳᠬᠢᠯ ᠦ᠋ᠨ ᠬᠢ ᠲᠤᠯᠠ ᠪᠦᠭᠦᠳᠡ ᠳ᠋ᠦ᠍᠂ ᠲᠡᠷᠡ ᠳᠤᠮᠳᠠ ᠪᠠᠨ ᠲᠡᠮᠦᠵᠢᠨ ᠳ᠋ᠦ᠍ ᠲᠠᠭᠠᠰᠢᠶᠠᠭᠳᠠᠵᠢ᠃ ᠵᠠᠮᠤᠬ᠎ᠠ ᠶ᠋ᠢᠨ ᠢᠩᠭᠢᠵᠦ ᠬᠡᠯᠡᠭᠰᠡᠨ ᠨᠢ ᠪᠠᠭ᠎ᠠ ᠨᠠᠰᠤᠨ ᠳ᠋ᠤ᠌ ᠲᠠᠯᠪᠢᠭᠰᠠᠨ ᠠᠨᠳᠠ ᠶ᠋ᠢᠨ ᠲᠠᠩᠭᠠᠷᠢᠭ ᠢ᠋ᠶ᠋ᠠᠨ ᠰᠠᠨᠠᠬᠤ ᠶ᠋ᠢᠨ ᠬᠠᠵᠠᠭᠤ ᠳ᠋ᠤ᠌ ᠲᠤᠭᠤᠷᠢᠯ ᠤ᠋ᠨ ᠬᠤᠩᠰᠢ ᠦᠭᠡᠢ( ᠴᠢᠨᠰᠠᠭ᠎ᠠ ᠦᠭᠡᠢ) ᠵᠠᠩ ᠳ᠋ᠤ᠌ ᠬᠣᠷᠣᠰᠴᠤ ᠡᠰᠡᠷᠭᠦᠴᠡᠭᠰᠡᠨ ᠬᠡᠷᠡᠭ ᠪᠠᠢᠯ᠎ᠠ᠃ ᠵᠠᠮᠤᠬ᠎ᠠ ᠶ᠋ᠢᠨ ᠢᠩᠭᠢᠵᠦ ᠬᠡᠯᠡᠭᠰᠡᠨ ᠨᠢ ᠲᠡᠭᠦᠨ ᠦ᠌ ᠠᠪᠴᠤ ᠢᠷᠡᠭᠰᠡᠨ ᠬᠣᠶᠠᠷ ᠲᠦᠮᠡᠨ ᠴᠡᠷᠢᠭ ᠦ᠋ᠨ ᠨᠢᠭᠡ ᠲᠦᠮᠡ ᠶ᠋ᠢ ᠶᠢᠰᠦᠭᠡᠢ ᠶ᠋ᠢᠨ ᠬᠠᠭᠤᠴᠢᠨ ᠠᠯᠪᠠᠲᠤ ᠢᠷᠭᠡᠳ ᠡᠴᠡ ᠴᠤᠭᠯᠠᠭᠤᠯᠤᠭᠰᠠᠨ ᠢ᠋ ᠴᠤ᠌ ᠪᠠᠰᠠ ᠪᠣᠳᠣᠯᠴᠠᠭᠰᠠᠨ ᠬᠡᠷᠡᠭ ᠪᠠᠢᠪᠠ᠃ ᠲᠡᠮᠦᠵᠢᠨ ᠡᠭᠦᠨ ᠢ᠋ ᠲᠣᠳᠣᠷᠬᠠᠢ ᠣᠢᠯᠠᠭᠠᠵᠤ ᠪᠠᠢᠭᠰᠠᠨ ᠴᠤ᠌ ᠦᠭᠡ ᠳᠤᠤᠭᠠᠷᠤᠭᠰᠠᠨ ᠦᠭᠡᠢ᠃
— ᠬᠡ ᠬᠡ᠁ ᠵᠠᠮᠤᠬ᠎ᠠ ᠳᠡᠭᠦᠦ ᠴᠢ ᠵᠥᠪ ᠰᠡᠳᠬᠢᠵᠦ᠂ ᠵᠠᠯᠠᠭᠤ ᠬᠥᠮᠦᠨ ᠦ᠌ ᠬᠠᠯᠠᠭᠤᠨ ᠦᠭᠡ ᠬᠡᠯᠡᠵᠦ ᠪᠠᠢᠨ᠎ᠠ᠃ ᠲᠡᠮᠦᠵᠢᠨ ᠬᠥᠪᠡᠭᠦᠨ ᠳ᠋ᠦ᠍ ᠪᠦᠬᠦ ᠶᠠᠭᠤᠮ᠎ᠠ ᠬᠡᠷᠡᠭᠲᠡᠢ ᠰᠢᠦ᠃ ᠲᠡᠷᠡ ᠳᠤᠮᠳᠠ ᠪᠠᠨ ᠪᠦᠲᠦᠨ ᠪᠡᠶ᠎ᠡ ᠲᠡᠢ᠂ ᠪᠦᠳᠦᠭᠦᠨ ᠪᠥᠭᠰᠡ ᠲᠡᠢ ᠭᠤᠸ᠎ᠠ ᠥᠬᠢᠳ ᠪᠦᠷ ᠴᠤ᠌ ᠬᠡᠷᠡᠭᠲᠡᠢ᠃ ᠮᠡᠷᠭᠢᠳ ᠦ᠋ᠨ ᠡᠮᠡᠰ ᠴᠢᠷᠠᠢᠯᠢᠭ ᠰᠢᠦ᠃ ᠠᠪ᠂ ᠠᠪ᠃ ᠠᠬ᠎ᠠ ᠶ᠋ᠢᠨ ᠬᠡᠰᠢᠭ ᠳᠡᠭᠦᠦ ᠳ᠋ᠦ᠍ ᠣᠯᠳᠠᠬᠤ ᠦᠭᠡᠢ ᠭᠡᠳᠡᠭ ᠶᠤᠮ ᠭᠡᠵᠦ ᠲᠤᠭᠤᠷᠢᠯ ᠬᠥᠭᠰᠢᠨ ᠠᠵᠢᠷᠭ᠎ᠠ ᠮᠡᠲᠦ ᠢᠨᠴᠠᠭᠠᠨ ᠬᠥᠬᠥᠷᠡᠪᠡ᠃ ᠲᠣᠭᠣᠷᠢᠯ ᠤ᠋ᠨ ᠦᠭᠡ ᠶ᠋ᠢ ᠰᠣᠨᠣᠰᠤᠭᠠᠳ ᠪᠦᠭᠦᠳᠡ ᠬᠦᠭᠦᠷᠦᠯᠳᠦᠵᠡᠢ᠃
— ᠬᠠᠨ ᠡᠴᠢᠭᠡ ᠮᠢᠨᠢ᠃
ᠪᠦᠭᠦᠳᠡ ᠲᠡᠮᠦᠵᠢᠨ ᠦ᠌ ᠪᠠᠶᠠᠷᠯᠠᠵᠤ ᠪᠢᠰᠢᠷᠡᠭᠰᠡᠨ᠂ ᠬᠠᠯᠠᠭᠤᠨ ᠨᠢᠯᠪᠤᠰᠤ ᠳᠦᠭᠦᠷᠡᠩ ᠲᠠᠯᠠᠷᠬᠠᠯ ᠤ᠋ᠨ ᠳᠣᠲᠣᠨᠣ ᠦᠭᠡ ᠶ᠋ᠢ ᠰᠣᠨᠣᠰᠤᠨ᠎ᠠ ᠭᠡᠵᠦ ᠢᠳᠡᠭᠡᠨ ᠲᠠᠭ ᠳᠠᠭᠤ ᠦᠭᠡᠢ ᠪᠣᠯᠵᠤ ᠬᠦᠯᠢᠶᠡᠪᠡ᠃ ᠤᠴᠢᠷ ᠨᠢ ᠲᠡᠮᠦᠵᠢᠨ ᠡᠨᠡ ᠦᠭᠡ ᠪᠡᠨ ᠪᠦᠭᠦᠳᠡᠭᠡᠷ ᠰᠣᠨᠣᠰᠬᠤᠢᠴᠠ ᠴᠢᠩᠭ᠎ᠠ ᠬᠡᠯᠡᠭᠰᠡᠨ ᠪᠢᠯᠡ᠃ ᠲᠤᠭᠤᠷᠢᠯ ᠢᠨᠢᠶᠡᠮᠰᠦᠭᠯᠡᠨ ᠶᠡᠬᠡᠮᠰᠦᠭ ᠵᠣᠭᠰᠣᠨ᠎ᠠ᠃
— ᠬᠠᠨ ᠡᠴᠢᠭᠡ ᠮᠢᠨᠢ ᠭᠡᠮᠡᠨ ᠲᠡᠮᠦᠵᠢᠨ ᠳᠠᠬᠢᠨ ᠡᠨᠡ ᠦᠭᠡ ᠪᠡᠨ ᠳᠠᠪᠲᠠᠪᠠ᠃
— ᠵᠠᠮᠤᠬ᠎ᠠ ᠠᠨᠳᠠ ᠠ᠋᠂ ᠪᠢ ᠲᠠ ᠬᠣᠶᠠᠷ ᠤ᠋ᠨ ᠢᠪᠡᠭᠡᠯ᠂ ᠶᠡᠬᠡ ᠴᠡᠷᠢᠭ ᠦ᠋ᠨ ᠬᠦᠴᠦ ᠪᠡᠷ ᠡᠷᠢᠭᠰᠡᠨ ᠢ᠋ᠶ᠋ᠡᠨ ᠣᠯᠵᠤ᠂ ᠠᠯᠳᠠᠭᠰᠠᠨ ᠢ᠋ᠶ᠋ᠠᠨ ᠠᠪᠤᠯ᠎ᠠ᠃ ᠪᠢ ᠮᠡᠷᠭᠢᠳ ᠲᠦ᠍ ᠪᠤᠯᠢᠶᠠᠭᠳᠠᠭᠰᠠᠨ ᠪᠥᠷᠲᠡ ᠶ᠋ᠢ ᠪᠡᠨ ᠪᠤᠴᠠᠭᠠᠨ ᠠᠪᠴᠤ ᠰᠡᠳᠬᠢᠯ ᠮᠢᠨᠢ ᠠᠮᠠᠷᠠᠪᠠ᠃ ᠡᠭᠦᠨ ᠡᠴᠡ ᠥᠭᠡᠷ᠎ᠡ ᠶᠠᠭᠤᠮ᠎ᠠ ᠨᠠᠳᠠᠳᠤ ᠬᠡᠷᠡᠭ ᠦᠭᠡᠢ᠃ ᠪᠢ ᠣᠯᠵᠠ ᠣᠯᠬᠤ ᠭᠡᠵᠦ ᠲᠡᠢᠨ ᠬᠢᠭᠰᠡᠨ ᠦᠭᠡᠢ᠃ ᠮᠢᠨᠦ ᠨᠥᠬᠥᠳ ᠦ᠋ᠨ ᠬᠤᠷᠢᠶᠠᠭᠰᠠᠨ ᠡᠨᠡ ᠣᠯᠵᠠ ᠶ᠋ᠢ ᠪᠢ ᠬᠠᠨ ᠡᠴᠢᠭᠡ ᠲᠠᠨ ᠳ᠋ᠤ᠌ ᠡᠷᠭᠦᠵᠦ ᠪᠠᠢᠨ᠎ᠠ᠃ ᠲᠡᠭᠡᠭᠡᠳ ᠴᠢᠨᠦ ᠮᠢᠨᠦ ᠲᠥᠯᠥᠭᠡ ᠲᠠᠨ ᠤ᠋ ᠬᠢᠭᠰᠡᠨ ᠨᠢ ᠳᠠᠩᠴᠤ ᠶᠡᠬᠡ ᠲᠤᠯᠠ ᠪᠢ ᠲᠠᠨ ᠳ᠋ᠤ᠌ ᠥᠷᠢ ᠲᠡᠢ ᠦᠯᠡᠳᠡᠪᠡ᠃
ᠲᠣᠭᠣᠷᠢᠯ ᠤ᠋ᠨ ᠡᠮᠦᠨ᠎ᠡ ᠰᠥᠬᠥᠷᠡᠵᠦ
ᠰᠠᠭᠤᠭᠠᠳ ᠲᠡᠮᠦᠵᠢᠨ ᠦ᠌ ᠬᠡᠯᠡᠭᠰᠡᠨ ᠡᠨᠡ ᠦᠭᠡᠰ ᠰᠣᠨᠣᠰᠤᠭᠰᠠᠨ ᠪᠦᠭᠦᠳᠡ ᠶ᠋ᠢ ᠮᠠᠯ ᠭᠠᠢᠬᠠᠭᠤᠯᠵᠤ᠂ ᠴᠡᠯ ᠬᠥᠭᠡᠷᠦᠭᠦᠯᠪᠡ᠃ ᠲᠤᠭᠤᠷᠢᠯ ᠢᠨᠢᠶᠡᠬᠦ ᠪᠡᠨ ᠪᠣᠯᠢᠵᠤ ᠢᠲᠡᠭᠡᠵᠦ ᠶᠠᠳᠠᠭᠰᠠᠨ ᠮᠡᠲᠦ ᠲᠡᠮᠦᠵᠢᠨ ᠢ᠋ ᠲᠣᠭᠣᠷᠢᠨ ᠶᠠᠪᠤᠵᠤ ᠬᠠᠷᠠᠭᠠᠳ ᠡᠮᠦᠨ᠎ᠡ ᠨᠢ ᠣᠴᠢᠪᠠ᠃ ᠲᠡᠮᠦᠵᠢᠨ ᠪᠣᠰᠴᠤ ᠲᠡᠭᠦᠨ ᠦ᠌ ᠥᠭᠡᠳᠡ ᠡᠴᠡ ᠡᠭᠴᠡ ᠰᠢᠷᠲᠡᠨ ᠵᠣᠭᠰᠣᠨ᠎ᠠ᠃
— ᠪᠢ ᠬᠠᠨ ᠡᠴᠢᠭᠡ ᠲᠠᠨ ᠡᠴᠡ ᠣᠯᠵᠠ ᠣᠯᠤᠶ᠎ᠠ᠂ ᠲᠤᠰᠠᠯᠠᠭᠠᠴᠢ ᠭᠡᠵᠦ ᠭᠤᠶᠤᠭᠰᠠᠨ ᠦᠭᠡᠢ ᠲᠤᠯᠠ ᠬᠡᠯᠡᠭᠰᠡᠨ ᠡᠴᠡ ᠪᠡᠨ ᠥᠭᠡᠷ᠎ᠡ ᠶ᠋ᠢ ᠬᠢᠵᠦ ᠦᠯᠦ ᠴᠢᠳᠠᠨ᠎ᠠ᠃
ᠲᠤᠭᠤᠷᠢᠯ ᠬᠡᠰᠡᠭ ᠵᠠᠭᠤᠷ᠎ᠠ ᠲᠡᠮᠦᠵᠢᠨ ᠢ᠋ ᠭᠠᠢᠬᠠᠨ ᠬᠠᠷᠠᠵᠤ ᠪᠠᠢᠭᠰᠠᠨ ᠢ᠋ᠶ᠋ᠠᠨ ᠠᠭᠤᠷᠰᠠᠨ ᠬᠢᠯᠢᠩᠨᠡᠵᠦ ᠨᠣᠭᠣᠭᠠᠨ ᠨᠢᠳᠦᠨ ᠳ᠋ᠦ᠍ᠨᠢ ᠣᠴᠢ ᠭᠢᠯᠠᠰ ᠬᠢᠯ᠎ᠡ᠃ ᠭᠡᠪᠡᠴᠦ ᠲᠡᠮᠦᠵᠢᠨ ᠠᠶᠤᠵᠤ ᠲᠠᠯᠲᠠᠷᠢᠭᠰᠠᠨ ᠦᠭᠡᠢ᠃ ᠲᠡᠷᠡ ᠪᠡᠷ ᠥᠪᠡᠷ ᠦ᠋ᠨ ᠦᠭᠡ ᠶ᠋ᠢ ᠬᠠᠮᠤᠭ ᠤ᠋ᠨ ᠬᠣᠯᠠ ᠳ᠋ᠤ᠌ ᠵᠣᠭᠰᠣᠭ᠎ᠠ ᠴᠡᠷᠢᠭ ᠴᠤ᠌ ᠰᠣᠨᠣᠰᠬᠤ ᠪᠠᠷ ᠴᠢᠩᠭ᠎ᠠ ᠬᠡᠯᠡᠭᠰᠡᠨ ᠪᠢᠯᠡ᠃ ᠲᠡᠮᠦᠵᠢᠨ ᠬᠡᠳᠦᠢ ᠪᠡᠷ ᠲᠡᠢᠨ ᠦ᠌ ᠣᠯᠵᠠ ᠶ᠋ᠢᠨ ᠲᠤᠬᠠᠢ ᠢᠩᠭᠢᠵᠦ ᠬᠡᠯᠡᠨ᠎ᠡ ᠭᠡᠵᠦ ᠡᠷᠲᠡᠨ ᠡᠴᠡ ᠪᠣᠳᠣᠵᠤ ᠲᠥᠯᠥᠪᠯᠡᠭᠡ ᠦᠭᠡᠢ ᠴᠤ᠌ ᠶᠠᠭ ᠡᠨᠡ ᠮᠥᠴᠡ ᠳ᠋ᠦ᠍ ᠲᠤᠭᠤᠷᠢᠯ ᠤ᠋ᠨ ᠬᠠᠷᠠᠴᠠ ᠶ᠋ᠢᠨ ᠠᠶ᠎ᠠ ᠪᠠᠷ ᠪᠠᠢᠬᠤ ᠶ᠋ᠢ ᠬᠦᠰᠡᠭᠡ ᠦᠭᠡᠢ ᠨᠢ ᠡᠢᠮᠦ ᠦᠭᠡ ᠬᠡᠯᠡᠬᠦ ᠳ᠋ᠦ᠍ ᠬᠦᠷᠭᠡᠵᠡᠢ᠃ ᠣᠳᠣ ᠡᠨᠡ ᠲᠡᠢᠨ ᠦ᠌ ᠣᠯᠵᠠᠨ ᠡᠴᠡ ᠠᠪᠤᠪᠠᠯ ᠲᠣᠭᠣᠷᠢᠯ ᠤ᠋ᠨ ᠡᠷᠬᠡᠰᠢᠶᠡᠯ ᠳ᠋ᠦ᠍ ᠡᠭᠦᠷᠢᠳᠡ ᠣᠷᠣᠨ᠎ᠠ ᠭᠡᠵᠦ ᠲᠡᠷᠡ ᠦᠵᠡᠵᠡᠢ᠃ ᠮᠠᠭᠠᠳ ᠦᠭᠡᠢ ᠢᠩᠭᠢᠵᠦ ᠦᠵᠡᠬᠦ ᠨᠢ ᠳᠡᠮᠡᠢ ᠬᠠᠷ᠎ᠠ ᠰᠠᠨᠠᠭᠰᠠᠨ᠂ ᠳᠡᠩᠳᠡᠭᠦᠦ ᠬᠣᠯᠠ ᠶ᠋ᠢ ᠪᠣᠳᠣᠭᠰᠠᠨ ᠬᠡᠷᠡᠭ ᠪᠠᠢᠵᠤ ᠪᠣᠯᠬᠤ ᠠᠪᠠᠴᠤ ᠲᠡᠮᠦᠵᠢᠨ ᠥᠪᠡᠷ ᠦ᠋ᠨ ᠪᠣᠳᠣᠭᠰᠠᠨ ᠢ᠋ᠶ᠋ᠠᠷ ᠵᠢᠳᠬᠦᠬᠦ ᠪᠡᠷ ᠰᠢᠢᠳᠪᠡ᠃ ᠠᠪᠤᠷᠠᠨ ᠲᠡᠳᠬᠦᠵᠦ᠂ ᠠᠲᠠᠭᠠᠲᠤ ᠳᠠᠢᠰᠤᠨ ᠢ᠋ ᠨᠢ ᠳᠠᠷᠤᠵᠤ᠂ ᠠᠪᠠᠯᠢ ᠡᠮ᠎ᠡ ᠶ᠋ᠢ ᠨᠢ ᠠᠪᠴᠤ ᠥᠭᠭᠦᠭᠰᠡᠨ ᠲᠤᠭᠤᠷᠢᠯ ᠬᠠᠨ ᠤ᠋ ᠥᠭᠡᠳᠡ ᠡᠴᠡ ᠲᠣᠮᠣ ᠳᠤᠤᠭᠠᠷᠴᠤ᠂ ᠲᠣᠯᠣᠭᠠᠢ ᠮᠡᠳᠡᠬᠦ ᠨᠢ ᠪᠠᠷᠰ ᠤ᠋ᠨ ᠰᠡᠭᠦᠯ ᠡᠴᠡ ᠪᠠᠷᠢᠭᠰᠠᠨ ᠲᠠᠢ ᠠᠳᠠᠯᠢ ᠬᠡᠷᠡᠭ ᠲᠤᠯᠠ ᠰᠣᠨᠣᠰᠤᠭᠰᠠᠨ ᠬᠥᠮᠦᠨ ᠪᠦᠭᠦᠳᠡ ᠴᠣᠴᠢᠨ ᠪᠠᠯᠠᠮᠠᠭᠳᠠᠬᠤ ᠨᠢ ᠠᠷᠭ᠎ᠠ ᠦᠭᠡᠢ ᠪᠠᠢᠪᠠ᠃
— ᠪᠢ ᠰᠠᠶᠢ ᠶᠠᠮᠠᠷ ᠦᠭᠡ ᠰᠣᠨᠣᠰᠪᠠ? ᠵᠠᠮᠤᠬ᠎ᠠ ᠴᠢ ᠰᠣᠨᠣᠰᠪᠠ ᠤᠤ? ᠭᠡᠵᠦ ᠲᠣᠭᠣᠷᠢᠯ ᠵᠣᠯᠪᠢᠩ ᠨᠣᠬᠠᠢ ᠳ᠋ᠤ᠌ ᠨᠣᠴᠣᠭᠤᠯᠤᠭᠰᠠᠨ ᠮᠡᠲᠦ ᠠᠭᠤᠷᠰᠠᠨ ᠵᠠᠮᠤᠬ᠎ᠠ ᠡᠴᠡ ᠳᠡᠮᠵᠢᠯᠭᠡ ᠡᠷᠢᠨ ᠬᠠᠰᠬᠢᠷᠤᠯ᠎ᠠ᠃ ᠵᠠᠮᠤᠬ᠎ᠠ ᠲᠡᠮᠦᠵᠢᠨ ᠦ᠌ ᠬᠡᠯᠡᠭᠰᠡᠨ ᠦᠭᠡ ᠶ᠋ᠢᠨ ᠬᠣᠣᠷᠲᠠᠢ ᠶ᠋ᠢ ᠮᠡᠳᠡᠭᠡᠳ ᠲᠡᠷᠡ ᠳᠠᠷᠤᠢ ᠳᠤᠤᠭᠠᠷᠤᠭᠰᠠᠨ ᠦᠭᠡᠢ᠃ ᠡᠨᠡ ᠪᠠᠢᠳᠠᠯ ᠲᠤᠭᠤᠷᠢᠯ ᠬᠠᠨ ᠢ᠋ ᠪᠦᠷ ᠴᠦ᠍ ᠬᠢᠯᠢᠩᠨᠡᠭᠦᠯᠪᠡ᠃
— ᠶᠢᠰᠦᠭᠡᠢ ᠶ᠋ᠢᠨ ᠬᠥᠪᠡᠭᠦᠨ ᠴᠢ ᠶᠠᠭᠤᠨ ᠳ᠋ᠤ᠌ ᠨᠠᠢᠳᠠᠨ᠎ᠠ ᠪᠣᠢ? ᠪᠢᠳᠡ ᠣᠯᠵᠠ ᠣᠯᠬᠤ ᠦᠭᠡᠢ ᠪᠣᠯ ᠴᠡᠷᠢᠭ ᠬᠥᠳᠡᠯᠭᠡᠵᠦ᠂ ᠵᠡᠪᠰᠡᠭ ᠬᠠᠩᠭᠢᠨᠠᠭᠤᠯᠬᠤ ᠶ᠋ᠢᠨ ᠬᠡᠷᠡᠭ ᠶᠠᠭᠤᠨ? ᠪᠢ ᠡᠳᠦᠢ ᠨᠠᠰᠤᠯᠠᠬᠤ ᠳ᠋ᠠᠭᠠᠨ ᠠᠩᠬ᠎ᠠ ᠤᠳᠠᠭ᠎ᠠ ᠡᠢᠮᠦ ᠬᠠᠴᠢᠨ ᠦᠭᠡ ᠰᠣᠨᠣᠰᠤᠯ᠎ᠠ᠃ ᠡᠴᠢᠭᠡ ᠶᠢᠰᠦᠭᠡᠢ ᠴᠢᠨᠢ ᠪᠠᠢᠭᠰᠠᠨ ᠪᠣᠯ ᠴᠤ᠌ ᠯᠠᠪ ᠴᠢᠨᠦ ᠲᠤᠷᠠᠰᠬ᠎ᠠ ᠶ᠋ᠢ ᠬᠠᠭᠤᠯᠬᠤ ᠪᠠᠢᠭᠰᠠᠨ ᠳᠠ᠃ ᠴᠢ ᠶᠠᠭᠤ ᠭᠡᠵᠦ ᠬᠡᠯᠡᠪᠡ ᠭᠡᠨ᠎ᠡ ᠠ᠋? ᠲᠡᠮᠦᠵᠢᠨ᠃ ᠴᠢ ᠳᠠᠬᠢᠭᠠᠳ ᠬᠡᠯᠡᠭᠲᠦᠨ᠃ ᠪᠢ ᠯᠠᠪ ᠪᠤᠷᠤᠭᠤ ᠰᠣᠨᠣᠰᠤᠭᠰᠠᠨ ᠪᠢᠵᠡ᠃ ᠲᠤᠭᠤᠷᠢᠯ ᠤ᠋ᠨ ᠡᠨᠡ ᠦᠭᠡ ᠰᠦᠷᠳᠡᠭᠦᠯᠵᠦ ᠵᠠᠨᠤᠯᠬᠢᠯᠠᠭᠰᠠᠨ ᠥᠩᠭᠡᠲᠡᠢ ᠪᠠᠢᠯ᠎ᠠ᠃
— ᠪᠢ ᠰᠠᠶᠢ ᠲᠠᠨ ᠤ᠋ ᠰᠣᠨᠣᠰᠤᠭᠰᠠᠨ ᠢ᠋ ᠬᠡᠯᠡᠯ᠎ᠡ᠃ ᠪᠢ ᠠᠯᠳᠠᠭᠰᠠᠨ ᠢ᠋ᠶ᠋ᠠᠨ ᠣᠯᠤᠭᠰᠠᠨ ᠲᠤᠯᠠ ᠰᠡᠳᠬᠢᠯ ᠳᠦᠭᠦᠷᠴᠦ᠂ ᠪᠣᠳᠣᠯ ᠬᠠᠨᠪᠠ᠃ ᠬᠠᠨ ᠡᠴᠢᠭᠡ᠂ ᠵᠠᠮᠤᠬ᠎ᠠ ᠠᠨᠳᠠ ᠲᠠ ᠬᠣᠶᠠᠷ ᠲᠡᠢᠨ ᠦ᠌ ᠣᠯᠵᠠ ᠪᠠᠨ ᠬᠤᠪᠢᠶᠠᠭᠲᠤᠨ᠃ ᠨᠠᠳᠠᠳᠤ ᠶᠠᠭᠤ ᠴᠤ᠌ ᠬᠡᠷᠡᠭ ᠦᠭᠡᠢ᠃
ᠲᠤᠭᠤᠷᠢᠯ ᠤ᠋ᠨ ᠬᠣᠢᠨ᠎ᠠ ᠭᠦᠶᠦᠨ ᠢᠷᠡᠭᠰᠡᠨ ᠬᠠᠰᠠᠷ ᠲᠡᠰᠦᠭᠰᠡᠨ ᠦᠭᠡᠢ ᠲᠡᠮᠦᠵᠢᠨ ᠦ᠌ ᠪᠦᠰᠡ ᠡᠴᠡ ᠤᠭᠵᠠᠷᠠᠵᠤ
— ᠲᠡᠮᠦᠵᠢᠨ ᠠᠬ᠎ᠠ ᠭᠡᠵᠦ ᠳᠠᠭᠤᠳᠠᠪᠠ᠃
— ᠪᠤᠤ ᠳᠤᠤᠭᠠᠷ ᠬᠡᠮᠡᠭᠡᠳ ᠭᠢᠯᠠᠰᠬᠢᠨ ᠬᠠᠷᠠᠭᠰᠠᠨ ᠲᠡᠮᠦᠵᠢᠨ ᠦ᠌ ᠬᠠᠷᠠᠴᠠᠨ ᠳ᠋ᠤ᠌ ᠶᠠᠭᠠᠬᠢᠬᠤ ᠡᠴᠡ ᠴᠤ᠌ ᠪᠤᠴᠠᠬᠤ ᠦᠭᠡᠢ ᠡᠷᠡᠰ ᠰᠢᠢᠳᠮᠡᠭᠡᠢ ᠬᠤᠷᠴᠠ ᠵᠣᠷᠢᠭ ᠢᠯᠡᠷᠡᠭᠰᠡᠨ ᠲᠤᠯᠠ ᠬᠠᠰᠠᠷ ᠠᠶᠤᠵᠤ ᠳᠠᠬᠢᠨ ᠳᠤᠤᠭᠠᠷᠤᠭᠰᠠᠨ ᠦᠭᠡᠢ᠃ ᠣᠯᠵᠠᠨ ᠡᠴᠡ ᠡᠭᠦᠰᠦᠭᠰᠡᠨ ᠡᠨᠡ ᠶᠠᠪᠤᠳᠠᠯ ᠪᠦᠭᠦᠳᠡ ᠶ᠋ᠢ ᠲᠦᠭᠰᠢᠭᠦᠯᠵᠦ᠂ ᠵᠠᠮᠤᠬ᠎ᠠ ᠬᠦᠷᠲᠡᠯ᠎ᠡ ᠰᠡᠷᠡᠮᠵᠢᠯᠡᠨ ᠬᠡᠷᠦᠭᠰᠡᠨ ᠪᠤᠬ᠎ᠠ ᠰᠢᠭ᠋ ᠵᠣᠭᠰᠣᠭᠰᠠᠨ ᠲᠣᠭᠣᠷᠢᠯ᠂ ᠲᠡᠮᠦᠵᠢᠨ ᠬᠣᠶᠠᠷ ᠲᠤ᠌ ᠣᠢᠷᠠᠲᠤᠨ ᠢᠷᠡᠪᠡ᠃ ᠲᠣᠭᠣᠷᠢᠯ ᠬᠠᠨ ᠤ᠋ ᠭᠠᠷ ᠰᠡᠯᠡᠮ᠎ᠡ ᠶ᠋ᠢᠨ ᠪᠠᠷᠢᠭᠤᠯ ᠢ᠋ ᠠᠳᠬᠤᠵᠤ ᠲᠠᠯᠪᠢᠬᠤ ᠨᠢ ᠣᠳᠣᠬᠠᠨ ᠲᠡᠮᠦᠵᠢᠨ ᠢ᠋ ᠲᠠᠰᠤ ᠴᠠᠪᠴᠢᠨ ᠬᠠᠶᠠᠬᠤ ᠨᠢ ᠤᠤ ᠭᠡᠮᠡᠷ᠃ ᠦᠨᠡᠬᠡᠷ ᠲᠤᠭᠤᠷᠢᠯ ᠲᠡᠮᠦᠵᠢᠨ ᠢ᠋ ᠲᠠᠰᠤ ᠴᠠᠪᠴᠢᠬᠤ ᠳ᠋ᠤ᠌ ᠪᠡᠯᠡᠬᠡᠨ ᠪᠠᠢᠪᠠ᠃ ᠪᠠᠷᠳᠠᠮ ᠵᠠᠩ ᠲᠠᠢ᠂ ᠥᠪᠡᠷ ᠦ᠋ᠨ ᠬᠢ ᠪᠡᠷ ᠢ᠋ᠶ᠋ᠡᠨ ᠵᠢᠳᠬᠦᠭᠴᠢ ᠡᠨᠡ ᠪᠠᠯᠴᠢᠷ ᠬᠥᠪᠡᠭᠦᠨ ᠲᠡᠭᠦᠨ ᠦ᠌ ᠠᠭᠤᠷ ᠴᠢᠬᠤᠯ ᠢ᠋ ᠨᠢᠭᠡᠮᠦᠰᠦᠨ ᠪᠠᠷᠠᠪᠠ᠃ ᠭᠡᠪᠡᠴᠦ ᠲᠤᠰᠠᠯᠠᠬᠤ ᠭᠡᠰᠡᠨ ᠥᠭᠭᠢᠶᠡᠮᠦᠷ ᠰᠠᠢᠬᠠᠨ ᠰᠡᠳᠬᠢᠯ ᠢ᠋ᠶ᠋ᠡᠨ ᠥᠨᠥᠴᠢᠨ ᠪᠠᠯᠴᠢᠷ ᠬᠥᠪᠡᠭᠦᠨ ᠦ᠌ ᠴᠢᠰᠤ ᠪᠠᠷ ᠪᠣᠳᠣᠬᠤ ᠨᠢ ᠲᠡᠭᠦᠨ ᠦ᠌ ᠥᠨᠳᠥᠷ ᠨᠡᠷ᠎ᠡ ᠰᠦᠷ ᠲᠦ᠍ ᠳᠠᠩᠴᠤ ᠵᠣᠬᠢᠰ ᠦᠭᠡᠢ ᠲᠤᠯᠠ ᠬᠦᠴᠦ ᠪᠡᠷ ᠪᠡᠶ᠎ᠡ ᠪᠡᠨ ᠪᠠᠷᠢᠯ᠎ᠠ᠃
— ᠪᠢ ᠵᠥᠪ ᠰᠣᠨᠣᠰᠴᠠᠢ ᠭᠡᠳ ᠲᠣᠭᠣᠷᠢᠯ ᠥᠪᠡᠷ ᠢ᠋ ᠪᠡᠨ ᠲᠠᠢᠪᠤᠰᠢᠷᠠᠭᠤᠯᠬᠤ ᠭᠡᠰᠡᠨ ᠳ᠋ᠡᠭᠡᠨ ᠴᠢᠩᠭ᠎ᠠ ᠪᠠᠷ ᠬᠥᠬᠥᠷᠡᠯ᠎ᠡ᠃ ᠭᠡᠪᠡᠴᠦ ᠬᠠᠷᠠᠴᠠ ᠨᠢ ᠬᠣᠷᠣᠰᠤᠯ ᠵᠠᠨᠤᠯ ᠳᠦᠭᠦᠷᠡᠩ ᠦᠵᠡᠭᠳᠡᠨ᠎ᠡ᠃
— ᠶᠢᠰᠦᠭᠡᠢ ᠶ᠋ᠢᠨ ᠬᠦᠦ ᠴᠢᠮᠠᠶ᠋ᠢ ᠪᠢ ᠡᠢᠮᠦ ᠪᠠᠶᠠᠨ ᠬᠥᠮᠦᠨ ᠭᠡᠵᠦ ᠳᠠᠩᠴᠤ ᠰᠠᠨᠠᠭᠰᠠᠨ ᠦᠭᠡᠢ ᠭᠡᠰᠡᠨ ᠢ᠋ᠶ᠋ᠡᠨ ᠨᠢᠭᠤᠷ ᠥᠭᠡᠳᠡ ᠨᠢ ᠦᠮᠡᠬᠡᠢ ᠰᠢᠯᠦᠰᠦ ᠦᠰᠦᠴᠢᠭᠦᠯᠦᠨ ᠣᠢᠷᠠᠲᠤᠵᠤ᠂
— ᠴᠢᠮ᠎ᠠ ᠳ᠋ᠤ᠌ ᠡᠳ᠋ ᠬᠥᠷᠥᠩᠭᠡ᠂ ᠮᠣᠷᠢ ᠮᠠᠯ ᠬᠡᠷᠡᠭ ᠦᠭᠡᠢ ᠪᠠᠢᠵᠠᠢ᠃ ᠲᠡᠭᠡᠪᠡᠯ ᠴᠢ ᠪᠡᠯᠪᠡᠰᠦᠨ ᠬᠣᠴᠣᠷᠤᠭᠰᠠᠨ ᠥᠭᠡᠯᠦᠨ ᠡᠬᠡ᠂ ᠥᠨᠥᠴᠢᠨ ᠳᠡᠭᠦᠦ ᠨᠠᠷ ᠢ᠋ᠶ᠋ᠠᠨ ᠠᠪᠤᠭᠠᠳ ᠲᠤᠤᠯᠠ ᠶ᠋ᠢᠨ ᠬᠥᠪᠡᠭᠡᠨ ᠳ᠋ᠦ᠍ ᠮᠢᠨᠦ ᠬᠦᠷᠢᠶᠡᠨ ᠳ᠋ᠦ᠍ ᠢᠷᠡᠵᠦ ᠰᠠᠭᠤᠭᠲᠤᠨ᠃ ᠨᠠᠮᠠᠶ᠋ᠢ ᠪᠠᠷᠠᠳᠠᠪᠠᠯ ᠴᠢ ᠠᠬᠢᠭᠠᠳ ᠡᠬᠡᠨᠡᠷ ᠢ᠋ᠶ᠋ᠡᠨ ᠠᠯᠳᠠᠵᠤ ᠰᠠᠨᠳᠤᠷᠬᠤ ᠦᠭᠡᠢ ᠪᠣᠯᠤᠨ᠎ᠠ ᠡᠰᠡᠪᠡᠯ ᠪᠢ ᠴᠢᠮᠠᠲᠤ ᠠᠢᠮᠠᠭ ᠡᠴᠡ ᠪᠠᠨ ᠡᠬᠡᠨᠡᠷ ᠥᠭᠴᠦ ᠬᠦᠦ ᠰᠡᠩᠭᠦᠮ ᠲᠡᠢ ᠠᠳᠠᠯᠢ ᠦᠵᠡᠶ᠎ᠡ᠃ ᠡᠰᠡ ᠲᠡᠭᠡᠪᠡᠯ ᠴᠢᠮ᠎ᠠ ᠰᠢᠭ᠋ ᠶᠠᠳᠠᠭᠤ ᠡᠷ᠎ᠡ ᠳ᠋ᠦ᠍ ᠡᠵᠡᠨ ᠬᠠᠮᠢᠶ᠎ᠠ ᠮᠤᠩᠳᠠᠬᠤ ᠪᠣᠢ? ᠴᠢ ᠤᠳᠠᠬᠤ ᠦᠭᠡᠢ ᠳᠠᠬᠢᠭᠠᠳ ᠯᠠ ᠡᠬᠡᠨᠡᠷ ᠢ᠋ᠶ᠋ᠡᠨ ᠪᠤᠯᠢᠶᠠᠯᠭᠠᠵᠤ ᠨᠠᠮᠠᠶ᠋ᠢ ᠭᠤᠶᠤᠬᠤ ᠪᠣᠯᠤᠨ᠎ᠠ᠃ ᠲᠡᠷᠡ ᠦᠶ᠎ᠡ ᠳ᠋ᠦ᠍ ᠴᠢᠮ᠎ᠠ ᠳ᠋ᠤ᠌ ᠮᠢᠨᠦ ᠭᠠᠷ ᠢ᠋ ᠴᠠᠢᠯᠭᠠᠬᠤ ᠶᠠᠭᠤᠮ᠎ᠠ ᠶᠠᠭᠤ ᠪᠠᠢᠨ᠎ᠠ? ᠬᠣᠭᠣᠰᠣᠨ ᠵᠣᠷᠢᠮᠠᠭ ᠦᠭᠡ ᠴᠢᠨᠢ ᠤᠤ? ᠬᠠᠳᠠᠮ ᠡᠬᠡ ᠶ᠋ᠢᠨ ᠢ᠋ᠶ᠋ᠡᠨ ᠪᠤᠯᠠᠭᠠᠨ ᠳᠡᠪᠡᠯ ᠢ᠋ ᠶᠠᠳᠠᠵᠤ ᠪᠤᠴᠠᠭᠠᠵᠤ ᠠᠪᠤᠨ᠎ᠠ ᠤᠤ? ᠭᠡᠵᠦ ᠳᠠᠪᠠᠯᠠᠨ ᠢᠨᠢᠶᠡᠪᠡ᠃
ᠲᠡᠮᠦᠵᠢᠨ ᠦ᠌ ᠰᠡᠳᠬᠢᠯ ᠦ᠋ᠨ ᠤᠭ ᠲᠤ᠌ ᠡᠭᠳᠡᠭᠦᠴᠡᠯ ᠵᠢᠪᠡᠭᠦᠴᠡᠯ ᠪᠠᠭᠲᠠᠷᠠᠨ ᠬᠠᠮᠢᠭ᠎ᠠ ᠨᠢᠭᠡ ᠳ᠋ᠡᠭᠡᠨ ᠬᠣᠷᠣᠰᠤᠨ ᠡᠪᠡᠳᠦᠭᠰᠡᠭᠡᠷ ᠠᠪᠠᠴᠤ ᠲᠡᠷᠡ ᠨᠢᠳᠦ ᠪᠡᠨ ᠴᠦ᠍ ᠴᠠᠪᠴᠢᠬᠤ ᠦᠭᠡᠢ ᠵᠣᠭᠰᠣᠨ᠎ᠠ᠃ ᠪᠠᠢᠳᠠᠯ ᠭᠡᠨᠡᠳᠲᠡ ᠢᠩᠭᠢᠵᠦ ᠰᠠᠨᠠᠭᠠᠨ ᠳ᠋ᠤ᠌ ᠦᠭᠡᠢ ᠬᠤᠷᠴᠠᠳᠤᠭᠰᠠᠨ ᠨᠢ ᠬᠥᠮᠦᠨ ᠪᠦᠬᠦᠨ ᠢ᠋ ᠲᠦᠭᠰᠢᠭᠡᠵᠦ ᠂ ᠲᠡᠮᠦᠵᠢᠨ ᠦ᠌ ᠨᠥᠬᠥᠳ ᠬᠥᠳᠡᠯᠵᠦ᠂ ᠳᠤᠤᠭᠠᠷᠴᠤ ᠴᠢᠳᠠᠬᠤ ᠦᠭᠡᠢ ᠵᠣᠭᠰᠣᠯ᠎ᠠ᠃ ᠲᠡᠮᠦᠵᠢᠨ ᠶᠠᠭᠠᠬᠢᠵᠤ ᠴᠤ᠌ ᠮᠡᠳᠡᠬᠦ ᠲᠤᠯᠠ ᠢᠩᠭᠢᠬᠦ ᠡᠴᠡ ᠴᠦ᠍ ᠥᠭᠡᠷ᠎ᠡ ᠠᠷᠭ᠎ᠠ ᠦᠭᠡᠢ ᠶᠤᠮ᠃ ᠴᠣᠬᠣᠮ ᠶᠠᠭᠤᠨ ᠡᠴᠡ ᠪᠣᠯᠤᠭᠠᠳ ᠨᠡᠷ᠎ᠡ ᠰᠦᠷ ᠶᠡᠬᠡ ᠲᠤᠭᠤᠷᠢᠯ ᠬᠠᠨ ᠲᠠᠢ ᠬᠡᠷᠡᠭᠦᠯ ᠵᠠᠷᠭᠤ ᠡᠭᠦᠰᠬᠡᠭᠰᠡᠨ ᠢ᠋ ᠰᠠᠢᠨ ᠣᠢᠯᠠᠭᠠᠵᠠᠭᠠᠭᠰᠠᠨ ᠦᠭᠡᠢ᠃ ᠪᠦᠷ ᠥᠪᠡᠷ ᠦ᠋ᠨ ᠢ᠋ᠶ᠋ᠡᠨ ᠬᠤᠪᠢ ᠶ᠋ᠢ ᠬᠥᠮᠦᠨ ᠠᠪ ᠭᠡᠳ ᠪᠠᠢᠬᠤ ᠳ᠋ᠤ᠌ ᠲᠡᠢᠨ ᠦ᠌ ᠣᠯᠵᠠᠨ ᠡᠴᠡ ᠲᠠᠲᠠᠭᠠᠯᠵᠠᠭᠰᠠᠨ ᠢ᠋ ᠭᠠᠢᠬᠠᠵᠤ ᠶᠠᠳᠠᠵᠠᠢ᠃
ᠪᠢ ᠲᠤᠭᠤᠷᠢᠯ ᠬᠠᠨ ᠲᠠᠨ ᠢ᠋ ᠶᠢᠰᠦᠭᠡᠢ ᠪᠠᠭᠠᠲᠤᠷ ᠡᠴᠢᠭᠡ ᠰᠢᠭ ᠢ᠋ᠶ᠋ᠡᠨ ᠦᠵᠡᠨ᠎ᠡ᠃ ᠪᠢ ᠶᠠᠳᠠᠭᠤ ᠳᠣᠷᠣᠢ᠂ ᠡᠴᠢᠭᠡ ᠦᠭᠡᠢ ᠥᠨᠥᠴᠢᠨ ᠴᠦ᠍ ᠭᠡᠯᠡ ᠥᠪᠡᠷ ᠦ᠋ᠨ ᠡᠷᠦᠬᠡ ᠭᠡᠷ ᠢ᠋ ᠡᠭᠦᠰᠬᠡᠬᠦ ᠶ᠋ᠢ ᠬᠦᠰᠡᠵᠦ ᠪᠠᠢᠨ᠎ᠠ᠃ ᠬᠥᠮᠦᠨ ᠦ᠌ ᠬᠦᠴᠦ ᠪᠡᠷ ᠭᠡᠷ ᠢ᠋ᠶ᠋ᠡᠨ ᠪᠠᠷᠢᠭᠠᠳ ᠶᠠᠭᠠᠬᠢᠨ᠎ᠠ᠃ ᠲᠡᠷᠡ ᠲᠡᠢ ᠲᠡᠷᠡ ᠦᠭᠡᠢ ᠠᠢᠯ ᠤ᠋ᠨ ᠭᠡᠷ ᠲᠦ᠍ ᠰᠠᠭᠤᠵᠤ᠂ ᠲᠣᠭᠣᠭ᠎ᠠ ᠶ᠋ᠢ ᠨᠢ ᠥᠩᠭᠡᠢᠭᠰᠡᠨ ᠮᠡᠲᠦ ᠪᠠᠢᠬᠤ ᠪᠢᠵᠡ᠃
ᠲᠡᠮᠦᠵᠢᠨ ᠦ᠌ ᠡᠨᠡ ᠤᠬᠠᠭᠠᠨᠲᠤ ᠦᠭᠡ ᠶ᠋ᠢ ᠪᠦᠭᠦᠳᠡ ᠰᠣᠨᠣᠰᠪᠠ᠂ ᠲᠤᠭᠤᠷᠢᠯ ᠴᠤ᠌ ᠡᠨᠡ ᠦᠭᠡ ᠶ᠋ᠢ ᠦᠨᠡᠯᠡᠪᠡ ᠪᠣᠯᠤᠯᠲᠠᠢ᠃ ᠴᠢᠷᠠᠢ ᠨᠢ ᠭᠡᠢᠵᠦ ᠨᠤᠮᠤᠷᠠᠭᠰᠠᠨ ᠬᠥᠮᠥᠰᠬᠡ ᠨᠢ ᠲᠡᠨᠢᠢᠯᠡ᠃ ᠡᠷᠭᠢᠨ ᠲᠣᠭᠣᠷᠢᠨ ᠤ᠋ ᠬᠢᠨ ᠪᠦᠭᠦᠳᠡ ᠰᠠᠶᠢ ᠯᠠ ᠠᠮᠢᠰᠬᠤᠭ᠎ᠠ ᠠᠪᠴᠤ ᠬᠥᠪᠴᠢᠯᠡᠨ ᠬᠤᠷᠢᠶᠠᠭᠰᠠᠨ ᠪᠤᠯᠴᠢᠩ ᠰᠢᠷᠪᠥᠰᠥ ᠪᠡᠨ ᠰᠤᠯᠠᠯᠠᠵᠤ ᠠᠳᠬᠤᠭᠰᠠᠨ ᠰᠡᠯᠡᠮ᠎ᠡ᠂ ᠬᠢᠲᠤᠭ᠎ᠠ ᠪᠠᠨ ᠲᠠᠯᠪᠢᠪᠠ᠃ ᠵᠠᠯᠠᠭᠤ ᠢᠳᠡᠷ ᠲᠡᠮᠦᠵᠢᠨ ᠦ᠌ ᠢᠲᠡᠭᠡᠯᠲᠡᠢ ᠬᠡᠯᠡᠭᠰᠡᠨ ᠳᠡᠭᠡᠷᠡᠬᠢ ᠦᠭᠡ ᠪᠦᠭᠦᠳᠡ ᠶ᠋ᠢᠨ ᠰᠠᠨᠠᠭᠠᠨ ᠳ᠋ᠤ᠌ ᠨᠡᠢᠴᠡᠵᠡᠢ᠃ ᠲᠡᠷᠡ ᠪᠤᠤ ᠬᠡᠯᠡ ᠬᠡᠰᠡᠭ ᠪᠠᠷᠠᠭᠠᠨ ᠡᠭᠦᠯᠡ ᠶ᠋ᠢᠨ ᠴᠠᠭᠠᠨ᠎ᠠ ᠨᠢᠭᠤᠭᠳᠠᠭᠰᠠᠨ ᠨᠠᠷᠠ ᠴᠤᠬᠤᠢᠵᠤ ᠠᠯᠲᠠᠨ ᠰᠢᠷ᠎ᠠ ᠭᠡᠷᠡᠯ ᠢ᠋ᠶ᠋ᠡᠨ ᠳᠤᠰᠬᠠᠭᠰᠠᠨ ᠨᠢ ᠲᠩᠷᠢ ᠬᠦᠷᠲᠡᠯ᠎ᠡ ᠪᠡᠶᠡᠰᠦᠨ ᠲᠠᠢᠳᠬᠤᠷᠠᠭᠰᠠᠨ ᠮᠡᠲᠦ ᠪᠠᠢᠯ᠎ᠠ᠃ ᠭᠡᠪᠡᠴᠦ ᠨᠠᠷᠠ ᠢᠩᠭᠢᠵᠦ ᠭᠡᠢᠭᠰᠡᠨ ᠢ᠋ ᠲᠡᠮᠦᠵᠢᠨ ᠡᠴᠡ ᠪᠤᠰᠤᠳ ᠬᠥᠮᠦᠨ ᠠᠩᠵᠠᠭᠠᠷᠠᠵᠤ᠂ ᠲᠣᠭᠣᠮᠰᠠᠷᠯᠠᠭᠰᠠᠨ ᠦᠭᠡᠢ᠃ ᠬᠠᠷᠢᠨ ᠲᠡᠮᠦᠵᠢᠨ ᠳᠣᠲᠣᠷ᠎ᠠ ᠪᠠᠨ《ᠲᠩᠷᠢ ᠨᠠᠮᠠᠶ᠋ᠢ ᠲᠡᠳᠬᠦᠵᠦ ᠪᠠᠢᠨ᠎ᠠ》ᠭᠡᠵᠦ ᠪᠠᠲᠤ ᠪᠣᠳᠣᠵᠠᠢ᠃ ᠵᠠᠮᠤᠬ᠎ᠠ ᠣᠳᠣ ᠯᠠ ᠮᠢᠨᠦ ᠳᠤᠤᠭᠠᠷᠬᠤ ᠴᠠᠭ ᠭᠡᠵᠦ ᠲᠣᠭᠠᠴᠠᠭᠰᠠᠨ ᠲᠤᠯᠠ
ᠲᠡᠮᠦᠵᠢᠨ᠃ ᠴᠢ ᠵᠥᠪ ᠰᠡᠳᠬᠢᠵᠡᠢ᠃ ᠬᠡᠯᠡᠭᠰᠡᠨ ᠦᠭᠡ ᠴᠢᠨᠢ ᠬᠣᠯᠠ ᠶ᠋ᠢᠨ ᠵᠣᠷᠢᠯᠭ᠎ᠠ ᠶ᠋ᠢ ᠴᠢᠨᠢ ᠲᠣᠳᠣᠷᠠᠭᠤᠯᠵᠤ ᠪᠠᠢᠨ᠎ᠠ᠃ ᠢᠩᠭᠢᠵᠦ ᠬᠡᠯᠡᠬᠦ ᠳ᠋ᠦ᠍ ᠬᠡᠨ ᠴᠢᠮᠠᠶ᠋ᠢ ᠪᠤᠷᠤᠭᠤᠰᠢᠶᠠᠵᠤ ᠰᠢᠭᠦᠮᠵᠢᠯᠡᠬᠦ ᠪᠢᠯᠡ᠃ ᠥᠪᠡᠷ ᠦ᠋ᠨ ᠪᠣᠳᠣᠯ ᠢ᠋ᠶ᠋ᠠᠨ ᠥᠪᠡᠷ ᠲᠡᠭᠡᠨ ᠵᠥᠪ ᠭᠡᠵᠦ ᠪᠠᠬᠠᠲᠠᠢ ᠬᠡᠯᠡᠭᠰᠡᠨ ᠨᠢ ᠪᠦᠷ ᠴᠦ᠍ ᠠᠶᠠᠲᠠᠢ ᠶᠠᠭᠤᠮ᠎ᠠ ᠪᠣᠯᠤᠯ᠎ᠠ᠃ ᠲᠤᠭᠤᠷᠢᠯ ᠬᠥᠭᠰᠢᠨ ᠬᠠᠰᠢᠷ ᠬᠥᠮᠦᠨ ᠲᠤᠯᠠ ᠦᠨᠡᠨ ᠳ᠋ᠦ᠍ ᠭᠦᠢᠴᠡᠭᠳᠡᠵᠦ ᠥᠪᠡᠷ ᠢ᠋ ᠪᠡᠨ ᠣᠯᠠᠨ ᠤ᠋ ᠡᠮᠦᠨ᠎ᠡ ᠲᠡᠨᠡᠭ ᠠᠮᠢᠲᠠᠨ ᠮᠡᠲᠦ ᠬᠠᠷᠠᠭᠳᠠᠭᠤᠯᠬᠤ ᠶ᠋ᠢ ᠦᠯᠦ ᠬᠦᠰᠡᠬᠦ ᠤᠴᠢᠷ ᠲᠡᠷᠡ ᠳᠣᠣᠷ᠎ᠠ ᠪᠠᠨ ᠵᠠᠩ ᠢ᠋ᠶ᠋ᠠᠨ ᠬᠤᠪᠢᠷᠠᠭᠠᠨ ᠲᠡᠮᠦᠵᠢᠨ ᠦ᠌ ᠮᠥᠷᠥ ᠶ᠋ᠢ ᠠᠯᠠᠭᠠᠳᠠᠨ ᠢᠨᠢᠶᠡᠵᠦ
ᠲᠡᠮᠦᠵᠢᠨ᠃ ᠪᠢ ᠴᠢᠮ᠎ᠠ ᠰᠢᠭ᠋ ᠬᠥᠮᠦᠨ ᠢ᠋ ᠡᠰᠡ ᠦᠵᠡᠪᠡ᠃ ᠡᠴᠢᠭᠡ ᠶᠢᠰᠦᠭᠡᠢ ᠴᠢᠨᠢ ᠶᠠᠭ ᠯᠠ ᠴᠢᠮ᠎ᠠ ᠰᠢᠭ᠋ ᠡᠢᠮᠦ ᠡᠷᠡᠰ ᠰᠢᠯᠤᠭᠤᠨ ᠵᠣᠷᠢᠭᠲᠠᠢ ᠡᠷ᠎ᠡ ᠪᠠᠢᠪᠠ᠃ ᠭᠡᠪᠡᠴᠦ ᠭᠠᠭᠴᠠ ᠡᠷ᠎ᠡ ᠵᠣᠷᠢᠭ ᠢ᠋ᠶ᠋ᠠᠷ ᠶᠠᠭᠤ ᠶ᠋ᠢ ᠴᠤ᠌ ᠦᠯᠦ ᠳᠡᠢᠯᠦᠨ᠎ᠡ᠃ ᠶᠡᠬᠡ ᠰᠠᠢᠨ ᠳ᠋ᠠᠭᠠᠨ ᠬᠡᠳᠦ ᠭᠤᠷᠪᠠ ᠶ᠋ᠢ ᠦᠬᠦᠭᠦᠯᠬᠦ ᠪᠢᠵᠡ᠃ ᠪᠢ ᠴᠢᠨᠦ ᠦᠨᠡᠨ ᠰᠡᠳᠬᠢᠯ ᠦ᠋ᠨ ᠦᠭᠡ ᠶ᠋ᠢ ᠰᠣᠨᠣᠰᠴᠤ ᠥᠷᠥᠰᠢᠶᠡᠯᠡ᠃ ᠪᠢ ᠵᠣᠷᠢᠭᠲᠠᠢ ᠡᠴᠡ ᠭᠠᠳᠠᠨ᠎ᠠ ᠤᠬᠠᠭᠠᠨ ᠲᠠᠢ ᠬᠥᠮᠦᠨ ᠳ᠋ᠦ᠍ ᠳᠤᠷᠠᠲᠠᠢ᠃ ᠲᠡᠮᠦᠵᠢᠨ ᠴᠢ ᠮᠠᠨ ᠤ᠋ ᠭᠡᠷ ᠲᠦ᠍ ᠰᠠᠭᠤᠵᠤ ᠠᠭᠰᠠᠨ ᠦᠶ᠎ᠡ ᠡᠴᠡ ᠪᠡᠨ ᠶᠡᠬᠡ ᠥᠭᠡᠷ᠎ᠡ ᠪᠣᠯᠵᠠᠢ᠃ ᠪᠢ ᠬᠡᠵᠢᠶᠡᠨ ᠡᠴᠡ ᠴᠢᠮᠠᠶ᠋ᠢ ᠶᠡᠬᠡ ᠲᠣᠭᠣᠳᠠᠭ ᠶᠤᠮ ᠰᠢᠦ᠃ ᠵᠠ ᠶᠠᠭᠠᠬᠢᠬᠤ ᠪᠣᠢ᠂ ᠴᠢ ᠳᠤᠷ᠎ᠠ ᠪᠠᠷ ᠢ᠋ᠶ᠋ᠠᠨ ᠪᠣᠯ᠂ ᠰᠡᠭᠦᠯ ᠳ᠋ᠦ᠍ᠨᠢ ᠨᠠᠳᠠᠳᠤ ᠪᠦᠦ ᠭᠣᠮᠣᠳᠠᠭᠲᠤᠨ ᠭᠡᠳ ᠡᠷᠭᠢᠵᠦ ᠴᠡᠷᠢᠭ ᠦ᠋ᠳ ᠲᠡᠭᠡᠨ
— ᠲᠠ ᠨᠠᠷ ᠲᠡᠮᠦᠵᠢᠨ ᠦ᠌ ᠣᠯᠵᠠ ᠶ᠋ᠢ ᠬᠤᠪᠢᠶᠠᠵᠤ ᠠᠪᠤᠭᠲᠤᠨ ᠭᠡᠵᠦ ᠬᠠᠰᠬᠢᠷᠪᠠ᠃ ᠴᠡᠷᠢᠭ ᠦ᠋ᠳ ᠭᠦᠶᠦᠯᠳᠦᠨ ᠢᠷᠡᠵᠦ ᠪᠦᠬᠦ ᠣᠯᠵᠠ ᠶ᠋ᠢ ᠬᠣᠷᠢᠶᠠᠨ ᠠᠪᠴᠤ᠂ ᠬᠥᠮᠦᠰ ᠢ᠋ ᠳᠠᠭᠤᠨ ᠣᠳᠪᠠ᠃
ᠲᠦᠳᠡᠯ ᠦᠭᠡᠢ ᠲᠠᠯᠠᠪᠠᠢ ᠬᠣᠭᠣᠰᠣᠷᠠᠵᠤ ᠬᠡᠳᠦᠨ ᠪᠡᠶ᠎ᠡ ᠪᠡᠷ ᠦᠯᠡᠳᠡᠲᠡᠯ᠎ᠡ ᠬᠡᠨ ᠨᠢ ᠴᠤ᠌ ᠳᠤᠤᠭᠠᠷᠤᠭᠰᠠᠨ ᠦᠭᠡᠢ᠂ ᠬᠡᠨ ᠴᠤ᠌ ᠳᠠᠬᠢᠵᠤ ᠲᠡᠮᠦᠵᠢᠨ ᠢ᠋ ᠡᠰᠡᠷᠭᠦᠴᠡᠨ ᠰᠢᠭᠦᠮᠵᠢᠯᠡᠬᠦ ᠦᠭᠡ ᠬᠡᠯᠡᠭᠰᠡᠨ ᠦᠭᠡᠢ᠃ ᠬᠡᠯᠡᠭᠡᠳ ᠴᠤ᠌ ᠨᠡᠮᠡᠷᠢ ᠦᠭᠡᠢ ᠪᠠᠢᠪᠠ᠃
ᠤᠴᠢᠷ ᠨᠢ ᠲᠡᠳᠡ ᠪᠦᠭᠦᠳᠡᠭᠡᠷ ᠲᠡᠮᠦᠵᠢᠨ ᠢ᠋ ᠨᠢᠭᠡ ᠶ᠋ᠢ ᠪᠣᠳᠣᠭᠰᠠᠨ ᠤ᠋ ᠤᠴᠢᠷ ᠢᠩᠭᠢᠵᠦ ᠬᠡᠯᠡᠭᠰᠡᠨ ᠭᠡᠳᠡᠭ ᠢ᠋ ᠮᠡᠳᠡᠵᠦ ᠪᠠᠢᠪᠠ᠃ ᠣᠳᠣ ᠲᠡᠳᠡ ᠪᠤᠷᠤᠭᠤ᠂ ᠴᠤ᠌ ᠵᠥᠪ ᠴᠤ᠌ ᠦᠭᠡ ᠶ᠋ᠢ ᠨᠢ ᠳᠠᠭᠠᠬᠤ ᠶᠣᠰᠣᠲᠠᠢ ᠤᠳᠤᠷᠢᠳᠤᠭᠴᠢ ᠲᠠᠢ ᠪᠣᠯᠤᠭᠰᠠᠨ ᠢ᠋ᠶ᠋ᠠᠨ ᠣᠢᠯᠠᠭᠠᠵᠠᠢ᠃ ᠲᠡᠷᠡ ᠪᠣᠯ ᠲᠡᠮᠦᠵᠢᠨ ᠶᠤᠮ᠃ ᠬᠠᠷᠢᠨ ᠲᠡᠮᠦᠵᠢᠨ ᠦ᠌ ᠪᠣᠳᠣᠯ ᠵᠣᠷᠢᠯᠭ᠎ᠠ ᠥᠪᠡᠷ ᠲᠤᠨᠢ ᠲᠣᠪ ᠲᠣᠳᠣᠷᠬᠠᠢ ᠪᠠᠢᠯ᠎ᠠ᠃ ᠮᠡᠷᠭᠢᠳ ᠢ᠋ ᠳᠡᠢᠯᠦᠭᠰᠡᠨ ᠡᠨᠡ ᠢᠯᠠᠯᠲᠠ ᠲᠦᠷ ᠵᠠᠭᠤᠷ᠎ᠠ ᠶ᠋ᠢᠨ ᠬᠢ ᠲᠤᠯᠠ ᠣᠯᠵᠠᠨ ᠤ᠋ ᠮᠡᠷᠭᠢᠳ ᠦ᠋ᠨ ᠡᠮᠡᠰ ᠬᠡᠦᠬᠡᠳ᠂ ᠡᠳ᠋ ᠬᠥᠷᠥᠩᠭᠡ ᠶ᠋ᠢ ᠠᠪᠴᠤ ᠥᠪᠡᠷ ᠲᠡᠭᠡᠨ ᠯᠡ ᠬᠤᠷᠢᠶᠠᠬᠤ ᠬᠡᠷᠡᠭ ᠦᠭᠡᠢ᠃ ᠲᠡᠷᠡ ᠲᠡᠢ ᠲᠡᠷᠡ ᠦᠭᠡᠢ ᠮᠡᠷᠭᠢᠳ ᠦ᠋ᠳ ᠲᠡᠭᠦᠨ ᠦ᠌ ᠡᠷᠬᠡᠰᠢᠶᠡᠯ ᠳᠣᠣᠷ᠎ᠠ ᠤᠳᠠᠭᠠᠨ ᠲᠡᠰᠬᠦ ᠦᠭᠡᠢ ᠭᠡᠳᠡᠭ ᠨᠢ ᠳᠡᠭᠡᠷ᠎ᠡ ᠮᠡᠯᠲᠡᠢᠬᠦ ᠨᠠᠷᠠ ᠲᠠᠢ ᠠᠳᠠᠯᠢ ᠲᠣᠳᠣ ᠪᠠᠢᠪᠠ᠃ ᠲᠤᠭᠤᠷᠢᠯ ᠬᠠᠨ ᠳ᠋ᠤ᠌ ᠬᠡᠯᠡᠭᠰᠡᠨ ᠲᠡᠭᠦᠨ ᠦ᠌ ᠦᠭᠡ ᠪᠣᠷᠵᠢᠭᠢᠨ᠂ ᠮᠡᠷᠭᠢᠳ ᠠᠢᠮᠠᠭ ᠤ᠋ᠨ ᠣᠯᠠᠨ ᠬᠥᠮᠦᠨ ᠳ᠋ᠦ᠍ ᠤᠳᠠᠬᠤ ᠦᠭᠡᠢ ᠰᠣᠨᠣᠰᠳᠠᠨ᠎ᠠ᠃ ᠲᠡᠷᠡ ᠴᠠᠭ ᠲᠤ᠌ ᠲᠡᠳᠡ ᠶᠠᠭᠠᠬᠢᠪᠠᠴᠤ ᠨᠠᠮᠠᠶ᠋ᠢ ᠮᠠᠭᠤ ᠪᠠᠷ ᠦᠵᠡᠬᠦ ᠦᠭᠡᠢ᠃ ᠬᠠᠮᠤᠭ ᠮᠠᠯ ᠰᠦᠷᠦᠭ ᠢ᠋ ᠨᠢ ᠳᠡᠭᠡᠷᠡᠮᠳᠡᠨ ᠬᠤᠪᠢᠶᠠᠵᠤ ᠠᠪᠤᠭᠰᠠᠨ ᠲᠤᠭᠤᠷᠢᠯ ᠵᠠᠮᠤᠬ᠎ᠠ ᠬᠣᠶᠠᠷ ᠢ᠋ ᠯᠡ ᠳᠠᠢᠰᠤᠨ ᠢ᠋ᠶ᠋ᠠᠨ ᠭᠡᠵᠦ ᠮᠡᠷᠭᠢᠳ ᠦ᠋ᠳ ᠰᠠᠨᠠᠵᠤ ᠶᠠᠪᠤᠭ᠃ ᠲᠡᠢᠮᠦ ᠪᠣᠯᠬᠣᠷ ᠣᠯᠵᠠᠨ ᠡᠴᠡ ᠠᠪᠬᠤ ᠨᠢ ᠮᠡᠷᠭᠢᠳ ᠦ᠋ᠨ ᠦᠰ ᠬᠣᠨᠵᠢᠩ ᠢ᠋ ᠥᠪᠡᠷ ᠲᠡᠭᠡᠨ ᠲᠠᠲᠠᠬᠤ ᠡᠴᠡ ᠥᠭᠡᠷ᠎ᠡ ᠠᠰᠢᠭ ᠦᠭᠡᠢ ᠪᠠᠢᠪᠠ᠃ ᠬᠡᠳᠦᠢ ᠶᠠᠳᠠᠭᠤ ᠴᠤ᠌ ᠭᠡᠯᠡ ᠰᠢᠲᠦ ᠵᠠᠭᠤᠨ ᠰᠢᠨᠤᠯ ᠢ᠋ᠶ᠋ᠠᠨ ᠳᠠᠷᠤᠵᠤ ᠲᠦᠷ ᠵᠠᠭᠤᠷ᠎ᠠ ᠶ᠋ᠢᠨ ᠪᠠᠭ᠎ᠠ ᠣᠯᠵᠠᠨ ᠡᠴᠡ ᠲᠠᠲᠠᠭᠠᠯᠵᠠᠬᠤ ᠨᠢ ᠬᠣᠵᠢᠮ ᠬᠣᠢᠴᠢ ᠳ᠋ᠤ᠌ ᠥᠯᠵᠡᠢᠲᠡᠢ ᠭᠡᠵᠦ ᠲᠡᠮᠦᠵᠢᠨ ᠪᠣᠳᠣᠵᠠᠢ᠃《ᠥᠨᠥᠳᠥᠷ ᠵᠠᠯᠭᠢᠭᠰᠠᠨ ᠥᠭᠡᠬᠦ ᠮᠠᠷᠭᠠᠰᠢ ᠬᠣᠭᠣᠯᠠᠢ ᠳ᠋ᠤ᠌ ᠶᠠᠰᠤ ᠪᠣᠯᠤᠨ ᠲᠣᠷᠬᠤ ᠶ᠋ᠢ ᠶᠠᠭᠠᠬᠢᠵᠤ ᠮᠡᠳᠡᠨ᠎ᠡ᠃ ᠨᠢᠭᠡᠨᠲᠡ ᠯᠡ ᠪᠥᠷᠲᠡ ᠶ᠋ᠢ ᠪᠡᠨ ᠪᠤᠴᠠᠭᠠᠨ ᠠᠪᠤᠭᠰᠠᠨ ᠮᠢᠨᠢ ᠪᠣᠯᠤᠯ᠎ᠠ》ᠭᠡᠰᠡᠨ ᠲᠡᠭᠦᠨ ᠦ᠌ ᠦᠭᠡ ᠶ᠋ᠢ ᠨᠥᠬᠥᠳ ᠨᠢ ᠶᠠᠮᠠᠷ ᠴᠤ᠌ ᠡᠰᠡᠷᠭᠦᠴᠡᠯ ᠦᠭᠡᠢ ᠳᠠᠮᠵᠢᠨ ᠬᠦᠯᠢᠶᠡᠨ ᠠᠪᠴᠠᠢ᠃ ᠶᠠᠳᠠᠭᠤ᠂ ᠬᠦᠴᠦ ᠪᠠᠭᠤᠷᠠᠢ ᠦᠶ᠎ᠡ ᠳ᠋ᠡᠭᠡᠨ ᠵᠣᠯᠪᠢᠩ ᠨᠣᠬᠠᠳ ᠤᠷᠤᠭᠤ ᠴᠤ᠌ ᠪᠣᠯᠪᠠ ᠴᠢᠯᠠᠭᠤ ᠰᠢᠳᠡᠬᠦ ᠬᠡᠷᠡᠭ ᠦᠭᠡᠢ᠃ ᠠᠯᠢ ᠪᠣᠯᠬᠤ ᠴᠥᠭᠡᠬᠡᠨ ᠳᠠᠢᠰᠤᠨ ᠲᠠᠢ ᠪᠠᠢᠬᠤ ᠨᠢ ᠬᠠᠮᠤᠭ ᠡᠴᠡ ᠴᠢᠬᠤᠯᠠ ᠭᠡᠳᠡᠭ ᠢ᠋ ᠨᠥᠬᠥᠳ ᠲᠡᠭᠡᠨ ᠣᠢᠯᠠᠭᠠᠭᠤᠯᠵᠤ ᠴᠢᠳᠠᠪᠠ᠃ ᠡᠢᠮᠦ ᠬᠡᠷᠰᠡᠦ ᠤᠬᠠᠭᠠᠨ ᠬᠣᠯᠠᠴᠢ ᠪᠣᠳᠣᠯ ᠯᠠ ᠡᠨᠡ ᠳᠣᠯᠣᠭᠠᠨ ᠡᠴᠡ ᠲᠡᠮᠦᠵᠢᠨ ᠦ᠌ ᠣᠯᠤᠭᠰᠠᠨ ᠶᠠᠭᠤ ᠪᠠᠷ ᠴᠤ᠌ ᠰᠣᠯᠢᠰᠢ ᠦᠭᠡᠢ ᠦᠨᠡᠲᠡᠢ ᠣᠯᠵᠠ ᠪᠠᠢᠪᠠ᠃ᠬᠡᠷᠡᠢᠳ ᠠᠢᠮᠠᠭ ᠤ᠋ᠨ ᠲᠣᠭᠣᠷᠢᠯ ᠬᠠᠨ ᠳ᠋ᠤ᠌ ᠥᠨᠥᠳᠥᠷ ᠲᠡᠭᠦᠨ ᠦ᠌ ᠠᠶᠤᠮᠰᠢᠭ ᠦᠭᠡᠢ ᠪᠡᠷ ᠬᠡᠯᠡᠭᠰᠡᠨ ᠦᠨᠡᠨ ᠦᠭᠡ ᠵᠠᠮᠤᠬ᠎ᠠ ᠶ᠋ᠢ ᠳᠠᠭᠠᠵᠤ ᠶᠠᠪᠤᠭ᠎ᠠ ᠪᠣᠷᠵᠢᠭᠢᠨ ᠠᠢᠮᠠᠭ ᠤ᠋ᠨ ᠴᠡᠷᠢᠭ ᠦ᠋ᠳ ᠦ᠋ᠨ ᠳᠤᠮᠳᠠ ᠰᠠᠯᠬᠢ ᠮᠡᠲᠦ ᠲᠦᠷᠭᠡᠨ ᠲᠠᠷᠬᠠᠵᠤ᠂ ᠪᠠᠬᠠᠳᠤᠬᠤ ᠰᠡᠳᠬᠢᠯ ᠢ᠋ ᠨᠢ ᠥᠳᠥᠭᠡᠭᠰᠡᠨ ᠢ᠋ ᠬᠠᠷᠢᠨ ᠲᠡᠮᠦᠵᠢᠨ ᠲᠣᠭᠠᠴᠠᠭ᠎ᠠ ᠦᠭᠡᠢ ᠪᠢᠯᠡ᠃ ᠶᠡᠷᠦ ᠨᠢ ᠪᠦᠬᠦ ᠶᠠᠭᠤᠮ᠎ᠠ ᠶ᠋ᠢ ᠲᠣᠭᠠᠴᠠᠨ ᠦᠵᠡᠬᠦ ᠴᠢᠳᠠᠪᠤᠷᠢ ᠤᠬᠠᠭᠠᠨ ᠲᠡᠭᠦᠨ ᠳ᠋ᠦ᠍ ᠬᠠᠷᠠᠬᠠᠨ ᠲᠡᠭᠦᠰ ᠪᠦᠷᠢᠳᠦᠭᠡ ᠦᠭᠡᠢ ᠦᠶ᠎ᠡ ᠪᠠᠢᠯ᠎ᠠ᠃
— ᠣᠳᠣ ᠴᠥᠮ ᠢ᠋ᠶ᠋ᠡᠷ ᠢ᠋ᠶ᠋ᠡᠨ ᠪᠥᠷᠲᠡ ᠶ᠋ᠢ ᠠᠪᠴᠤ ᠪᠤᠴᠠᠶ᠎ᠠ᠃ ᠮᠡᠷᠭᠢᠳ ᠦ᠋ᠨ ᠬᠣᠭᠣᠰᠣᠨ ᠪᠠᠭᠤᠷᠢ ᠶ᠋ᠢᠨ ᠳᠡᠭᠡᠷ᠎ᠡ ᠳᠡᠮᠡᠢ ᠵᠣᠭᠰᠣᠵᠤ ᠶᠠᠭᠤ ᠪᠠᠨ ᠬᠢᠨ᠎ᠡ᠃
ᠲᠡᠮᠦᠵᠢᠨ ᠦ᠌ ᠡᠨᠡ ᠦᠭᠡ ᠨᠥᠬᠥᠳ ᠢ᠋ ᠨᠢ ᠰᠦᠬᠡ ᠪᠡᠷ ᠴᠣᠬᠢᠭᠰᠠᠨ ᠮᠡᠲᠦ ᠪᠣᠯᠭᠠᠵᠤ ᠪᠦᠭᠦᠳᠡ ᠭᠠᠵᠠᠷ ᠰᠢᠷᠲᠡᠨ ᠬᠠᠷᠠᠴᠠ ᠪᠤᠷᠤᠭᠤᠯᠠᠪᠠ᠃ ᠬᠠᠮᠤᠭ ᠤ᠋ᠨ ᠵᠣᠷᠢᠭᠲᠠᠢ᠂ ᠣᠮᠣᠭᠯᠠᠩ ᠵᠠᠩ ᠲᠠᠢ ᠬᠠᠰᠠᠷ ᠬᠦᠷᠲᠡᠯ᠎ᠡ ᠬᠠᠷᠠᠴᠠ ᠪᠠᠨ ᠨᠢᠭᠤᠬᠤ ᠨᠢ ᠰᠡᠵᠢᠭᠲᠡᠢ᠃
— ᠶᠠᠭᠤ ᠪᠣᠯᠪᠠ ᠲᠠ ᠨᠠᠷ? ᠲᠦᠷᠦᠭᠦᠨ ᠡᠴᠡ ᠬᠣᠢᠰᠢ ᠪᠥᠷᠲᠡ ᠭᠡᠬᠦ ᠪᠠᠷ ᠯᠠ ᠡᠭ ᠮᠠᠭ ᠭᠡᠵᠡᠭᠡᠭᠡᠳ ᠭᠡᠵᠦ ᠲᠡᠮᠦᠵᠢᠨ ᠬᠡᠯᠡᠭᠰᠡᠨ ᠢ᠋ᠶ᠋ᠡᠨ ᠨᠢᠭᠡᠨᠲᠡ ᠨᠢᠭᠡ ᠶ᠋ᠢ ᠤᠬᠠᠭᠠᠷᠠᠭᠰᠠᠨ ᠮᠡᠲᠦ ᠦᠭᠡ ᠪᠡᠨ ᠲᠠᠰᠤᠯᠤᠨ ᠬᠠᠰᠠᠷ ᠲᠤ᠌ ᠣᠢᠷᠠᠲᠤᠯ᠎ᠠ᠃ ᠬᠠᠰᠠᠷ ᠲᠡᠷᠡ ᠬᠣᠶᠠᠷ ᠰᠥᠨᠢ ᠴᠣᠭ ᠶᠠᠪᠤᠵᠤ ᠪᠥᠷᠲᠡ ᠶ᠋ᠢ ᠣᠯᠤᠭᠰᠠᠨ ᠪᠢᠯᠡ᠃ ᠲᠡᠮᠦᠵᠢᠨ ᠪᠥᠷᠲᠡ ᠶ᠋ᠢ ᠲᠡᠪᠡᠷᠢᠭᠰᠡᠨ ᠲᠡᠷᠡ ᠮᠥᠴᠡ ᠪᠡᠨ ᠭᠡᠨᠡᠳᠲᠡ ᠰᠠᠨᠠᠯ᠎ᠠ᠃ ᠣᠳᠣ ᠪᠦᠬᠦ ᠶᠠᠭᠤᠮ᠎ᠠ ᠲᠣᠳᠣᠷᠬᠠᠢ ᠪᠣᠯᠪᠠ᠃ ᠪᠥᠷᠲᠡ ᠶ᠋ᠢ ᠪᠦᠳᠦᠭᠦᠷᠡᠵᠦ ᠲᠠᠷᠭᠤᠯᠠᠵᠠᠢ ᠭᠡᠵᠦ ᠰᠠᠨᠠᠭᠰᠠᠨ ᠤ᠋ ᠤᠴᠢᠷ ᠡᠢᠮᠦ ᠪᠠᠢᠵᠠᠢ᠃ ᠲᠡᠮᠦᠵᠢᠨ ᠡᠨᠡ ᠲᠤᠬᠠᠢ ᠪᠣᠳᠣᠮᠠᠭᠴᠠ ᠪᠠᠨ ᠰᠡᠳᠬᠢᠯ ᠨᠢ ᠭᠡᠨᠡᠳᠲᠡ ᠲᠦᠭᠰᠢᠭᠦᠷᠢ ᠳ᠋ᠦ᠍ ᠠᠪᠲᠠᠪᠠ᠃ ᠰᠡᠳᠬᠢᠯ ᠡᠴᠡ ᠨᠢ ᠬᠡᠨ ᠨᠢᠭᠡᠨ ᠦ᠌ ᠬᠦᠢᠲᠡᠨ ᠭᠠᠷ ᠦᠨᠡᠲᠡᠢ ᠪᠦᠬᠦᠨ ᠢ᠋ ᠨᠢ ᠬᠦᠴᠦ ᠪᠡᠷ ᠰᠤᠭᠤ ᠲᠡᠳᠡᠨ ᠠᠪᠬᠤ ᠰᠢᠭ᠋ ᠭᠣᠣᠯ ᠨᠢ ᠬᠠᠷᠠᠯᠠᠨ ᠵᠢᠷᠦᠬᠡ ᠨᠢ ᠰᠢᠮᠰᠢᠷᠡᠵᠡᠢ᠃ ᠲᠡᠮᠦᠵᠢᠨ ᠲᠡᠷᠡᠬᠡᠨ ᠵᠠᠭᠤᠷ᠎ᠠ ᠶᠠᠭᠤ ᠶ᠋ᠢ ᠴᠤ᠌ ᠪᠣᠳᠣᠵᠤ᠂ ᠬᠡᠷᠬᠢᠬᠦ ᠪᠡᠨ ᠰᠢᠢᠳᠴᠦ ᠴᠢᠳᠠᠭᠰᠠᠨ ᠦᠭᠡᠢ᠃ ᠲᠠᠷᠢᠬᠢ ᠲᠣᠯᠣᠭᠠᠢ ᠨᠢ ᠠᠰᠤᠷᠤ ᠬᠦᠴᠦᠲᠡᠢ ᠠᠵᠢᠯᠯᠠᠵᠤ ᠣᠯᠠᠨ ᠣᠯᠠᠨ ᠠᠰᠠᠭᠤᠯᠲᠠ ᠲᠠᠯᠪᠢᠵᠤ ᠬᠠᠷᠢᠭᠤ ᠡᠷᠢᠵᠦ ᠪᠠᠢᠪᠠᠴᠤ ᠤᠬᠠᠭᠠᠨ ᠢ᠋ᠶ᠋ᠠᠨ ᠴᠡᠭᠴᠡᠯᠡᠵᠦ ᠲᠣᠳᠣᠷᠬᠠᠢ ᠬᠠᠷᠢᠭᠤ ᠣᠯᠤᠭᠰᠠᠨ ᠦᠭᠡᠢ᠃《ᠮᠢᠨᠦ ᠢᠯᠠᠯᠲᠠ ᠶ᠋ᠢᠨ ᠦᠨ᠎ᠡ ᠴᠠᠨ᠎ᠠ ᠡᠨᠡ ᠭᠡᠵᠢ ᠤᠤ》 ᠭᠡᠰᠡᠨ ᠭᠠᠰᠢᠭᠤᠨ ᠪᠣᠳᠣᠯ ᠲᠣᠯᠣᠭᠠᠢ ᠳ᠋ᠤᠨᠢ ᠡᠷᠭᠢᠯᠳᠦᠭᠰᠡᠭᠡᠷ ᠪᠠᠢᠯ᠎ᠠ᠃
— ᠲᠡᠮᠦᠵᠢᠨ ᠠᠬ᠎ᠠ᠃ ᠪᠢᠳᠡ ᠲᠠᠨ ᠳ᠋ᠤ᠌ ᠨᠢᠭᠡ ᠵᠦᠢᠯ ᠢ᠋ ᠬᠡᠯᠡᠵᠦ ᠴᠢᠳᠠᠬᠤ ᠦᠭᠡᠢ᠂ ᠪᠠᠰᠠ ᠶᠠᠭᠠᠬᠢᠵᠤ ᠬᠡᠯᠡᠬᠦ ᠪᠡᠨ ᠴᠤ᠌ ᠮᠡᠳᠡᠬᠦ ᠦᠭᠡᠢ ᠪᠠᠢᠭᠰᠠᠭᠠᠷ ᠰᠥᠨᠢ ᠶ᠋ᠢ ᠪᠠᠷᠠᠵᠤ ᠥᠷᠯᠥᠭᠡ ᠪᠣᠯᠭᠠᠯ᠎ᠠ᠃ ᠪᠥᠷᠲᠡ ᠬᠠᠷᠢᠭᠤ ᠦᠭᠡᠢ ᠲᠥᠷᠥᠬᠦ ᠳᠥᠭᠥᠭᠰᠡᠨ ᠲᠤᠯᠭᠤᠷ ᠪᠡᠶ᠎ᠡ ᠲᠡᠢ ᠪᠣᠯᠵᠠᠢ᠃ ᠲᠡᠷᠡ ᠮᠡᠷᠭᠢᠳ ᠦ᠋ᠨ ᠶᠡᠬᠡ ᠴᠢᠯᠡᠳᠦ ᠶ᠋ᠢᠨ ᠳᠡᠭᠦᠦ ᠴᠢᠯᠭᠡᠷ ᠪᠥᠬᠡ ᠶ᠋ᠢᠨ ᠡᠮ᠎ᠡ ᠪᠠᠢᠵᠠᠢ᠃
ᠬᠠᠰᠠᠷ ᠡᠢᠨ ᠬᠦ᠌ ᠪᠦᠬᠦ ᠦᠨᠡᠨ ᠢ᠋ ᠨᠢᠭᠡ ᠠᠮᠢ ᠪᠠᠷ ᠫᠠᠯᠬᠢᠲᠠᠯᠠ ᠬᠡᠯᠡᠵᠦ ᠰᠠᠨᠠᠭ᠎ᠠ ᠨᠢ ᠠᠮᠠᠷᠠᠭᠠᠳ ᠵᠠᠢᠯᠠᠨ ᠬᠣᠯᠠᠳᠪᠠ᠃ ᠡᠨᠡ ᠵᠣᠪᠠᠯᠠᠩ ᠢ᠋ ᠲᠡᠮᠦᠵᠢᠨ ᠦ᠌ ᠵᠢᠷᠦᠬᠡ ᠰᠡᠳᠬᠢᠯ ᠭᠠᠭᠴᠠᠭᠠᠷ ᠬᠦᠯᠢᠶᠡᠵᠦ ᠠᠪᠤᠯ᠎ᠠ᠃ ᠪᠡᠯᠭᠦᠳᠡᠢ᠂ ᠪᠤᠭᠤᠷᠴᠢ᠂ ᠵᠡᠯᠮ᠎ᠡ ᠭᠤᠷᠪᠠ ᠬᠡᠷᠡᠭ ᠬᠢᠭᠰᠡᠨ ᠮᠡᠲᠦ ᠬᠣᠢᠰᠢ ᠪᠠᠨ ᠰᠠᠮ ᠤᠬᠤᠷᠢᠨ᠎ᠠ᠃
— ᠴᠢ ᠶᠠᠭᠤᠨ ᠳᠡᠮᠡᠢ ᠦᠭᠡ ᠴᠠᠯᠴᠢᠪᠠ? ᠪᠦᠦ ᠬᠤᠳᠠᠯ ᠬᠡᠯᠡ! ᠲᠡᠢᠮᠦ ᠪᠠᠢᠬᠤ ᠶᠣᠰᠣ ᠦᠭᠡᠢ ᠭᠡᠵᠦ ᠲᠡᠮᠦᠵᠢᠨ ᠬᠠᠰᠬᠢᠷᠪᠠ᠃ ᠭᠣᠣᠯ ᠳ᠋ᠤᠨᠢ ᠬᠠᠯᠠᠭᠤᠨ ᠭᠠᠯ ᠥᠭᠰᠥᠵᠦ ᠬᠣᠭᠣᠯᠠᠢ ᠳ᠋ᠤ᠌ ᠲᠤᠯᠤᠭᠠᠳ ᠠᠭᠤᠷ ᠤᠴᠠᠭᠠᠷ ᠨᠢ ᠳᠡᠢᠯᠳᠡᠬᠦ ᠦᠭᠡᠢ ᠭᠠᠯᠵᠠᠭᠤᠷᠠᠬᠤ ᠭᠡᠵᠦ ᠪᠠᠢᠯ᠎ᠠ᠃ ᠲᠡᠷᠡ ᠪᠥᠷᠲᠡ ᠶ᠋ᠢ᠂ ᠶᠡᠷᠦ ᠬᠡᠨ ᠢ᠋ ᠴᠤ᠌ ᠪᠠᠢᠭᠰᠠᠨ ᠴᠠᠪᠴᠢᠨ ᠬᠠᠶᠠᠬᠤ ᠳ᠋ᠤ᠌ ᠪᠡᠯᠡᠨ ᠪᠠᠢᠪᠠ᠃ ᠲᠡᠮᠦᠵᠢᠨ ᠬᠠᠰᠠᠷ ᠤ᠋ᠨ ᠬᠣᠢᠨ᠎ᠠ ᠡᠴᠡ ᠦᠰᠦᠷᠦᠨ ᠣᠴᠢᠪᠠ᠃ ᠣᠳᠣ ᠲᠡᠮᠦᠵᠢᠨ ᠢ᠋ ᠤᠬᠠᠭᠠᠨ ᠰᠡᠳᠬᠢᠯ ᠨᠢ ᠪᠢᠰᠢ᠂ ᠪᠤᠷᠤᠭᠤᠲᠠᠨ ᠢ᠋ ᠣᠯᠵᠤ ᠴᠡᠭᠡᠷᠯᠡᠭᠦᠯᠬᠦ ᠭᠡᠰᠡᠨ ᠬᠡᠮᠵᠢᠶᠡᠯᠡᠰᠢ ᠦᠭᠡᠢ ᠶᠡᠬᠡ ᠦᠰ ᠬᠣᠨᠵᠢᠩ ᠬᠥᠲᠥᠯᠵᠦ ᠪᠠᠢᠪᠠ᠃
— ᠴᠢ ᠬᠤᠳᠠᠯ ᠬᠡᠯᠡᠵᠦ ᠪᠠᠢᠨ᠎ᠠ᠃
ᠪᠢ ᠴᠢᠮᠠᠶ᠋ᠢ ᠠᠯᠠᠨ᠎ᠠ ᠭᠡᠵᠦ ᠰᠣᠯᠢᠶᠠᠷᠠᠭᠰᠠᠨ ᠮᠡᠲᠦ ᠣᠷᠢᠯᠠᠨ ᠬᠠᠰᠠᠷ ᠢ᠋ ᠪᠠᠭᠠᠯᠵᠠᠭᠤᠷᠳᠠᠨ ᠠᠪᠤᠪᠠ᠃ ᠡᠨᠡ ᠮᠥᠴᠡ ᠳ᠋ᠦ᠍ ᠪᠤᠰᠤᠳ ᠨᠢ ᠭᠦᠶᠦᠯᠳᠦᠨ ᠢᠷᠡᠵᠦ ᠪᠣᠰᠢᠭᠣ ᠰᠠᠯᠭᠠᠭ᠎ᠠ ᠦᠭᠡᠢ ᠪᠣᠯ ᠲᠡᠮᠦᠵᠢᠨ ᠬᠠᠰᠠᠷ ᠢ᠋ ᠦᠨᠡᠬᠡᠷ ᠠᠯᠠᠬᠤ ᠳ᠋ᠤ᠌ ᠪᠡᠯᠡᠨ ᠪᠠᠢᠪᠠ᠃
— ᠪᠢ ᠲᠡᠷᠡ ᠪᠥᠷᠲᠡ ᠶ᠋ᠢ ᠠᠯᠠᠨ᠎ᠠ᠃ ᠴᠢᠯᠭᠡᠷ ᠪᠥᠬᠡ ᠲᠡᠢ ᠨᠢ ᠴᠣᠭ ᠠᠯᠠᠨ᠎ᠠ ᠭᠡᠵᠦ ᠲᠡᠮᠦᠵᠢᠨ ᠬᠠᠰᠬᠢᠷᠤᠨ ᠵᠢᠳᠬᠦᠪᠡᠴᠦ ᠪᠡᠯᠭᠦᠳᠡᠢ᠂ ᠵᠠᠯᠮ᠎ᠠ ᠬᠣᠶᠠᠷ ᠲᠠᠯᠪᠢᠭᠰᠠᠨ ᠦᠭᠡᠢ᠃
— ᠠᠬ᠎ᠠ ᠶ᠋ᠢ ᠪᠤᠤ ᠲᠠᠯᠪᠢᠭᠲᠤᠨ᠃ ᠠᠶ᠎ᠠ ᠦᠭᠡᠢ ᠪᠣᠯ ᠪᠥᠷᠲᠡ ᠶ᠋ᠢ ᠴᠦ᠍ ᠠᠯᠠᠴᠢᠬᠠᠨ᠎ᠠ ᠰᠢᠦ ᠭᠡᠵᠦ ᠬᠠᠰᠠᠷ ᠬᠠᠰᠬᠢᠷᠤᠩᠭᠠᠨ ᠡᠷᠡᠦ ᠡᠴᠡ ᠪᠡᠨ ᠭᠣᠭᠣᠵᠢᠬᠤ ᠴᠢᠰᠤ ᠶ᠋ᠢ ᠠᠷᠴᠢᠵᠤ ᠪᠠᠢᠯ᠎ᠠ᠃ ᠲᠡᠳᠡᠨ ᠦ᠌ ᠡᠨᠡ ᠣᠷᠢᠯᠠᠭᠠᠨ ᠬᠠᠰᠬᠢᠷᠤᠭᠠᠨ ᠳ᠋ᠤ᠌ ᠭᠡᠷ ᠦ᠋ᠨ ᠪᠠᠭᠤᠷᠢᠨ ᠤ᠋ ᠬᠣᠭ᠂ ᠥᠪᠳᠡᠯ ᠴᠥᠪᠥᠳᠡᠯ ᠲᠣᠭᠰᠢᠵᠤ ᠪᠠᠢᠭᠰᠠᠨ ᠰᠦᠷᠦᠭ ᠱᠠᠭᠠᠵᠠᠭᠠᠢ ᠰᠣᠴᠢᠨ ᠲᠠᠷ ᠬᠢᠨ ᠨᠢᠰᠴᠦ ᠣᠳᠪᠠ᠃
— ᠪᠥᠷᠲᠡ ᠁ ᠲᠡᠢᠮᠦ ᠪᠠᠢᠬᠤ ᠶᠣᠰᠣ ᠦᠭᠡᠢ ᠭᠡᠵᠦ ᠲᠡᠮᠦᠵᠢᠨ ᠬᠠᠰᠬᠢᠷᠤᠭᠰᠠᠭᠠᠷ ᠪᠠᠢᠯ᠎ᠠ᠃
— ᠲᠡᠮᠦᠵᠢᠨ᠂ ᠲᠡᠮᠦᠵᠢᠨ᠃
ᠪᠥᠷᠲᠡ ᠶ᠋ᠢᠨ ᠢᠩᠭᠢᠵᠦ ᠬᠠᠰᠬᠢᠷᠬᠤ ᠳᠠᠭᠤᠨ ᠢ᠋ᠶ᠋ᠠᠷ ᠯᠠ ᠪᠦᠭᠦᠳᠡ ᠲᠦᠷ ᠪᠣᠯᠪᠠᠴᠤ ᠤᠬᠠᠭᠠᠨ ᠰᠡᠭᠡᠭᠡ ᠣᠷᠣᠪᠠ᠃ ᠬᠦᠷᠢᠶᠡᠨ ᠦ᠌ ᠵᠠᠬ᠎ᠠ ᠶ᠋ᠢᠨ ᠡᠵᠡᠭᠦᠢ ᠭᠡᠷ ᠲᠦ᠍ ᠵᠢᠷᠦᠬᠡ ᠲᠦᠭᠰᠢᠨ ᠬᠦᠯᠢᠶᠡᠵᠦ ᠰᠠᠭᠤᠭᠰᠠᠨ ᠪᠥᠷᠲᠡ ᠲᠡᠳᠡᠨ ᠦ᠌ ᠬᠡᠷᠡᠭᠦᠯ ᠦ᠋ᠨ ᠴᠢᠮᠡᠭᠡ ᠪᠡᠷ ᠭᠦᠶᠦᠨ ᠢᠷᠡᠵᠡᠢ᠃ ᠲᠡᠮᠦᠵᠢᠨ ᠦ᠌ ᠴᠠᠮᠨᠠᠨ ᠴᠣᠪᠬᠣᠴᠢᠬᠤ ᠶ᠋ᠢ ᠪᠦᠭᠦᠳᠡ ᠨᠡᠢᠯᠡᠨ ᠬᠣᠷᠢᠭᠠᠳ ᠳᠡᠢᠯᠬᠦ ᠲᠡᠢ ᠦᠭᠡᠢ ᠲᠡᠢ ᠪᠠᠢᠭᠰᠠᠨ ᠲᠤᠯᠠ ᠬᠠᠰᠠᠷ ᠪᠥᠷᠲᠡ ᠶ᠋ᠢᠨ ᠡᠮᠦᠨᠡᠭᠦᠷ ᠬᠥᠨᠳᠡᠯᠢᠳᠦᠨ ᠬᠠᠮᠠᠭᠠᠯᠠᠬᠤ ᠪᠠᠷ ᠪᠡᠯᠡᠳᠬᠡᠪᠡ᠃
— ᠲᠠ ᠨᠠᠷ ᠲᠡᠮᠦᠵᠢᠨ ᠢ᠋ ᠵᠦᠭᠡᠷ ᠣᠷᠭᠢ ᠭᠡᠵᠦ ᠪᠥᠷᠲᠡ ᠲᠡᠳᠡᠨ ᠦ᠌ ᠳᠡᠷᠭᠡᠳᠡ ᠢᠷᠡᠮᠡᠭᠴᠡ ᠬᠠᠰᠬᠢᠷᠪᠠ᠃
— ᠴᠢ ᠶᠠᠭᠤ ᠶᠠᠷᠢᠨ᠎ᠠ ᠪᠣᠢ? ᠠᠬ᠎ᠠ ᠴᠢᠮᠠᠶ᠋ᠢ ᠠᠯᠠᠵᠤ ᠣᠷᠬᠢᠨ᠎ᠠ ᠭᠡᠵᠦ ᠬᠠᠰᠠᠷ ᠬᠣᠷᠢᠭᠯᠠᠪᠠ᠃
— ᠲᠠ ᠨᠠᠷ ᠲᠡᠮᠦᠵᠢᠨ ᠢ᠋ ᠲᠠᠯᠪᠢᠵᠤ ᠬᠣᠯᠠᠳᠴᠠᠭᠠ᠃ ᠲᠠ ᠨᠠᠷ ᠬᠣᠯᠠᠳ! ᠭᠡᠵᠦ ᠪᠥᠷᠲᠡ ᠬᠠᠰᠬᠢᠷᠤᠨ ᠲᠡᠮᠦᠵᠢᠨ ᠲᠡᠢ ᠵᠢᠭᠤᠷᠠᠯᠳᠤᠬᠤ ᠪᠡᠯᠭᠦᠳᠡᠢ᠂ᠪᠤᠭᠤᠷᠴᠢ ᠂ᠵᠡᠯᠮ᠎ᠡ ᠭᠤᠷᠪᠠ ᠲᠠᠢ ᠨᠣᠴᠣᠯᠳᠤᠵᠠᠢ᠃
— ᠲᠠᠯᠪᠢᠵᠠᠭᠠ ᠭᠡᠵᠦ ᠲᠡᠮᠦᠵᠢᠨ ᠣᠷᠢᠯᠠᠪᠠ᠃
— ᠲᠠᠯᠪᠢᠭᠠᠴᠢ᠃ ᠪᠢᠳᠡᠨ ᠢ᠋ ᠣᠷᠭᠢ ᠭᠡᠵᠦ ᠪᠥᠷᠲᠡ ᠬᠠᠰᠬᠢᠷᠪᠠ᠃ ᠲᠡᠳᠡ ᠶᠠᠭᠠᠬᠢᠵᠤ ᠴᠤ᠌ ᠴᠢᠳᠠᠭᠰᠠᠨ ᠦᠭᠡᠢ ᠬᠣᠯᠠᠳᠪᠠ᠃ ᠲᠡᠮᠦᠵᠢᠨ ᠪᠥᠷᠲᠡ ᠶ᠋ᠢ ᠠᠯᠠᠪᠠᠯ ᠴᠤ᠌ ᠠᠯᠠᠭ ᠭᠡᠵᠦ ᠬᠠᠷ᠎ᠠ ᠵᠦᠩ ᠳ᠋ᠦ᠍ᠨᠢ ᠣᠷᠬᠢᠬᠤ ᠡᠴᠡ ᠥᠭᠡᠷ᠎ᠡ ᠠᠷᠭ᠎ᠠ ᠲᠡᠳᠡᠨ ᠳ᠋ᠦ᠍ ᠦᠯᠡᠳᠡᠭᠰᠡᠨ ᠦᠭᠡᠢ᠃
— ᠲᠠ ᠨᠠᠷ ᠬᠣᠯᠠᠳᠴᠠᠭᠠ᠃ ᠨᠠᠮᠠᠶ᠋ᠢ ᠪᠤᠤ ᠬᠠᠮᠠᠭᠠᠯᠠ᠃ ᠪᠠᠰᠠ ᠪᠤᠤ ᠬᠠᠷᠠᠭᠲᠤᠨ᠃ ᠶᠠᠪᠤᠵᠤ ᠦᠵᠡ᠃ ᠪᠢ ᠦᠬᠦᠪᠡᠯ ᠲᠡᠮᠦᠵᠢᠨ ᠦ᠌ ᠰᠡᠯᠡᠮ᠎ᠡ ᠳ᠋ᠦ᠍ ᠦᠬᠦᠶ᠎ᠡ ᠭᠡᠵᠦ ᠪᠥᠷᠲᠡ ᠬᠠᠰᠬᠢᠷᠴᠤ ᠪᠠᠢᠭᠰᠠᠨ ᠲᠤᠯᠠ ᠲᠡᠳᠡ ᠠᠷᠭ᠎ᠠ ᠦᠭᠡᠢ ᠬᠣᠯᠠᠳᠤᠨ ᠭᠡᠷ ᠦ᠋ᠨ ᠴᠠᠭᠠᠭᠤᠷ ᠣᠷᠣᠵᠠᠢ᠃ ᠲᠡᠮᠦᠵᠢᠨ ᠶᠡᠬᠡ ᠭᠡᠳᠡᠰᠦ ᠲᠡᠢ ᠪᠥᠷᠲᠡ ᠶ᠋ᠢ ᠥᠰᠢᠵᠦ ᠬᠣᠷᠣᠰᠤᠭᠰᠠᠨ᠂ ᠦᠷᠦ ᠡᠪᠡᠳᠴᠦ ᠬᠠᠢᠷᠠᠯᠠᠭᠰᠠᠨ ᠤ᠋ ᠠᠯᠢ ᠨᠢ ᠴᠦ᠍ ᠦᠯᠦ ᠮᠡᠳᠡᠭᠳᠡᠬᠦ ᠬᠤᠷᠴᠠ ᠳᠣᠭᠰᠢᠨ ᠬᠠᠷᠠᠴᠠ ᠪᠠᠷ ᠴᠣᠭᠣ ᠰᠢᠷᠳᠡᠭᠰᠡᠭᠡᠷ ᠶᠠᠭ ᠯᠠ ᠳᠠᠢᠰᠤᠨ ᠲᠠᠢ ᠲᠤᠯᠤᠯᠳᠤᠬᠤ ᠭᠡᠵᠦ ᠪᠣᠢ ᠮᠡᠲᠦ ᠰᠡᠯᠡᠮ᠎ᠡ ᠪᠡᠨ ᠲᠠᠰᠤ ᠠᠳᠬᠤᠭᠠᠰᠤᠲᠠᠢ ᠲᠣᠭᠣᠷᠢᠵᠤ ᠪᠠᠢᠯ᠎ᠠ᠃ ᠪᠥᠷᠲᠡ ᠲᠡᠭᠦᠨ ᠳ᠋ᠦ᠍ ᠣᠢᠷᠠᠲᠤᠨ ᠣᠴᠢᠵᠤ ᠰᠥᠬᠥᠷᠡᠨ ᠰᠠᠭᠤᠪᠠ᠃
— ᠲᠡᠮᠦᠵᠢᠨ᠃ ᠴᠢ ᠨᠠᠮᠠᠶ᠋ᠢ ᠪᠤᠴᠠᠭᠠᠵᠤ ᠠᠪᠬᠤ ᠭᠡᠵᠦ ᠪᠢᠰᠢ ᠠᠯᠠᠬᠤ ᠭᠡᠵᠦ ᠢᠩᠭᠢᠵᠦ ᠬᠥᠯ ᠪᠣᠯᠵᠤ᠂ ᠴᠡᠷᠢᠭ ᠬᠥᠳᠡᠯᠭᠡᠵᠦ᠂ ᠴᠢᠰᠤᠨ ᠳᠠᠯᠠᠢ ᠤᠷᠤᠰᠬᠠᠭᠰᠠᠨ ᠶᠤᠮ ᠪᠣᠯ ᠣᠳᠣ ᠲᠦᠷᠭᠡᠨ ᠠᠯᠠᠰᠤᠭᠠᠢ ᠭᠡᠵᠦ ᠪᠥᠷᠲᠡ ᠬᠠᠰᠬᠢᠷᠤᠨ ᠤᠬᠢᠯᠠᠪᠠ᠃ ᠲᠡᠭᠦᠨ ᠦ᠌ ᠡᠨᠡ ᠳᠠᠭᠤᠨ ᠳ᠋ᠤ᠌ ᠡᠮᠭᠡᠨᠢᠯ ᠭᠣᠮᠣᠳᠠᠯ᠂ ᠪᠠᠰᠠ ᠠᠭᠤᠷ ᠬᠢᠯᠢᠩ ᠳᠦᠭᠦᠷᠡᠩ ᠰᠣᠨᠣᠰᠤᠭᠳᠠᠨ᠎ᠠ᠃ ᠲᠡᠮᠦᠵᠢᠨ ᠲᠠᠭ ᠳᠠᠭᠤ ᠦᠭᠡᠢ ᠰᠡᠯᠡᠮ᠎ᠡ ᠪᠡᠨ ᠳᠠᠯᠠᠢᠯᠠ᠃ ᠭᠡᠪᠡᠴᠦ ᠠᠷᠠᠢ ᠪᠠᠭᠤᠯᠭᠠᠵᠤ ᠴᠢᠳᠠᠭᠰᠠᠨ ᠦᠭᠡᠢ ᠰᠡᠯᠡᠮ᠎ᠡ ᠨᠢ ᠠᠭᠠᠷ ᠲᠤ᠌ ᠴᠡᠴᠡᠷᠡᠨ ᠲᠣᠭᠲᠠᠪᠠ᠃
— ᠴᠠᠪᠴᠢᠭᠠᠴᠢ᠃ ᠲᠡᠮᠦᠵᠢᠨ ᠴᠢᠨᠦ ᠭᠠᠷ ᠲᠤ᠌ ᠦᠬᠦᠬᠦ ᠳ᠋ᠦ᠍ ᠨᠠᠳᠠᠳᠤ ᠬᠠᠷᠠᠮᠰᠠᠬᠤ ᠵᠦᠢᠯ ᠦᠭᠡᠢ᠃ ᠡᠮ᠎ᠡ ᠬᠥᠮᠦᠨ ᠬᠦᠴᠦᠲᠡᠢ ᠳ᠋ᠦ᠍ᠨᠢ ᠪᠤᠯᠢᠶᠠᠭᠳᠠᠵᠤ᠂ ᠴᠢᠳᠠᠯᠲᠠᠢ ᠳ᠋ᠤᠨᠢ ᠡᠳ᠋ᠯᠡᠭᠳᠡᠵᠦ ᠶᠠᠪᠤᠬᠤ ᠤᠴᠢᠷᠲᠠᠢ ᠪᠢᠵᠡ᠃ ᠮᠢᠨᠦ ᠶᠣᠰᠣᠯᠠᠵᠤ ᠠᠪᠤᠭᠰᠠᠨ ᠡᠷ᠎ᠡ ᠲᠡᠮᠦᠵᠢᠨ ᠴᠢ ᠨᠠᠮᠠᠶ᠋ᠢ ᠬᠦᠴᠦᠨ ᠳ᠋ᠦ᠍ ᠠᠪᠲᠠᠨ ᠮᠡᠷᠭᠢᠳ ᠲᠦ᠍ ᠪᠤᠯᠢᠶᠠᠯᠭᠠᠭᠰᠠᠨ᠃ ᠡᠨᠡ ᠮᠢᠨᠦ ᠪᠤᠷᠤᠭᠤ ᠭᠡᠪᠡᠯ ᠠᠯᠠᠭᠲᠤᠨ᠃ ᠴᠢ ᠨᠠᠮᠠᠶ᠋ᠢ ᠠᠪᠠᠯᠢ ᠡᠬᠡᠨᠡᠷ ᠢ᠋ᠶ᠋ᠡᠨ ᠭᠡᠵᠦ ᠬᠠᠢᠷᠠᠯᠠᠵᠤ᠂ ᠬᠠᠮᠠᠭᠠᠯᠠᠭᠰᠠᠨ ᠤᠤ? ᠶᠠᠳᠠᠵᠤ ᠬᠤᠯᠠᠭᠠᠢᠯᠠᠨ ᠠᠪᠬᠤ ᠭᠡᠵᠦ ᠣᠷᠣᠯᠳᠣᠭᠰᠠᠨ ᠤᠤ? ᠴᠢᠮ᠎ᠠ ᠡᠴᠡ ᠥᠭᠡᠷ᠎ᠡ ᠣᠯᠢᠭᠲᠠᠢ ᠡᠷ᠎ᠡ ᠪᠠᠢᠭᠰᠠᠨ ᠪᠣᠯ ᠨᠠᠮᠠᠶ᠋ᠢ ᠠᠯᠢ ᠡᠷᠲᠡ ᠠᠮᠢᠳᠤ ᠦᠬᠦᠭᠰᠡᠨ ᠠᠯᠢᠨ ᠪᠣᠯᠪᠠᠴᠤ ᠪᠤᠯᠢᠶᠠᠨ ᠠᠪᠤᠭᠰᠠᠨ ᠪᠠᠢᠬᠤ ᠪᠢᠵᠡ᠃ ᠴᠢ ᠨᠠᠮᠠᠶ᠋ᠢ ᠬᠠᠢᠷᠠᠯᠠᠬᠤ ᠪᠠᠨ ᠪᠣᠯᠢᠭᠰᠠᠨ ᠶᠤᠮ ᠪᠣᠯ ᠪᠦᠦ ᠠᠯᠠ᠃ ᠡᠭᠡᠳᠡᠷᠡᠭᠡᠨᠲᠦ ᠵᠠᠶᠠᠭᠠᠨ ᠤ᠋ ᠲᠣᠭᠣᠷᠢᠭ ᠳᠤᠮᠳᠠ ᠨᠠᠳᠠᠳᠤ ᠢᠷᠡᠭᠰᠡᠨ ᠦᠷ᠎ᠡ ᠶ᠋ᠢ ᠮᠢᠨᠢ ᠪᠦᠦ ᠠᠯᠠᠭᠠᠴᠢ᠃ ᠨᠠᠮᠠᠶ᠋ᠢ ᠲᠡᠷᠡ ᠴᠢᠯᠭᠡᠷ ᠪᠥᠬᠡ ᠲᠡᠢ ᠴᠣᠭ ᠣᠷᠬᠢᠵᠤ ᠣᠳ᠃ ᠨᠠᠮᠠᠶ᠋ᠢ ᠠᠯᠠᠪᠠ ᠭᠡᠳ ᠴᠢᠮᠠᠲᠤ ᠶᠠᠭᠤ ᠨᠡᠮᠡᠭᠳᠡᠨ᠎ᠡ ᠭᠡᠵᠦ ᠪᠥᠷᠲᠡ ᠬᠠᠯᠠᠭᠤᠨ ᠨᠢᠯᠪᠤᠰᠤ ᠪᠠᠨ ᠤᠷᠤᠰᠬᠠᠨ ᠴᠤᠷᠬᠢᠷᠠᠨᠠ᠃
ᠲᠡᠮᠦᠵᠢᠨ ᠦ᠌ ᠭᠠᠷ ᠴᠤᠴᠠᠵᠤ ᠰᠡᠯᠡᠮ᠎ᠡ ᠪᠡᠨ ᠰᠢᠲᠠᠯᠠ᠃ ᠲᠡᠭᠦᠨ ᠦ᠌ ᠠᠭᠤᠷ ᠬᠢᠯᠢᠩ ᠠᠯᠠᠭ᠎ᠠ ᠪᠣᠯᠤᠭᠠᠳ ᠴᠥᠬᠥᠷᠡᠯ ᠤᠢᠳᠬᠠᠷ ᠭᠤᠨᠢᠭ ᠰᠡᠳᠬᠢᠯ ᠢ᠋ ᠨᠢ ᠡᠵᠡᠮᠳᠡᠵᠡᠢ᠃ ᠣᠯᠠᠨ ᠵᠢᠯ ᠦ᠋ᠨ ᠡᠮᠦᠨ᠎ᠡ ᠶᠢᠰᠦᠭᠡᠢ ᠥᠭᠡᠯᠦᠨ ᠡᠬᠡ ᠶ᠋ᠢ ᠨᠢ ᠮᠡᠷᠭᠢᠳ ᠦ᠋ᠨ ᠶᠡᠬᠡ ᠴᠢᠯᠡᠳᠦ ᠡᠴᠡ ᠪᠤᠯᠢᠶᠠᠨ ᠠᠪᠤᠭᠰᠠᠨ ᠤ᠋ ᠬᠠᠷᠢᠭᠤ ᠳ᠋ᠤ᠌ ᠥᠨᠥᠳᠥᠷ ᠲᠡᠮᠦᠵᠢᠨ ᠡᠢᠮᠦ ᠵᠣᠪᠠᠯᠠᠩ ᠳ᠋ᠤ᠌ ᠤᠨᠠᠭᠰᠠᠨ ᠢ᠋ᠶ᠋ᠠᠨ ᠣᠢᠯᠠᠭᠠᠪᠠ᠃
ᠲᠡᠷᠡ ᠳᠣᠲᠣᠷ᠎ᠠ ᠪᠠᠨ ᠮᠡᠭᠰᠢᠨ ᠤᠬᠢᠯᠠᠵᠤ ᠪᠠᠢᠯ᠎ᠠ᠃ ᠬᠤᠪᠢ ᠲᠠᠪᠢᠯᠠᠩ ᠲᠡᠭᠦᠨ ᠢ᠋ᠶ᠋ᠡᠷ ᠲᠣᠬᠣᠭᠤᠷᠬᠠᠵᠤ ᠬᠠᠢᠷᠠᠲᠠᠢ ᠬᠥᠮᠦᠨ ᠦ᠌ ᠬᠢᠨᠢ ᠬᠡᠪᠡᠯᠢ ᠳ᠋ᠦ᠍ ᠥᠰᠲᠦ ᠮᠡᠷᠭᠢᠳ ᠦ᠋ᠨ ᠦᠷ᠎ᠡ ᠶ᠋ᠢ ᠰᠠᠴᠤᠵᠠᠢ᠃ ᠭᠡᠲᠡᠯ᠎ᠡ《ᠨᠠᠳᠠᠳᠤ ᠢᠷᠡᠭᠰᠡᠨ》 ᠭᠡᠵᠦ ᠪᠥᠷᠲᠡ ᠶ᠋ᠢᠨ ᠬᠡᠯᠡᠭᠰᠡᠨ ᠦᠭᠡ ᠴᠢᠬᠢᠨ ᠳ᠋ᠦ᠍ᠨᠢ ᠬᠠᠩᠭᠢᠨᠠᠬᠤ ᠨᠢ ᠪᠦᠷ ᠴᠦ᠍ ᠬᠡᠴᠡᠭᠦᠦ ᠠᠵᠢ᠃ ᠲᠡᠮᠦᠵᠢᠨ ᠥᠪᠡᠷ ᠢ᠋ ᠪᠡᠨ ᠬᠠᠷᠢᠶᠠᠵᠤ ᠵᠥᠭᠡᠵᠦ ᠪᠠᠷᠠᠬᠤ ᠦᠭᠡᠢ ᠪᠠᠢᠯ᠎ᠠ᠃ ᠪᠥᠷᠲᠡ ᠶ᠋ᠢ ᠠᠯᠳᠠᠭᠰᠠᠨ ᠳᠣᠣᠷ᠎ᠠ ᠪᠠᠨ ᠰᠠᠮ ᠢᠷᠡᠵᠦ ᠬᠤᠯᠠᠭᠠᠢᠯᠠᠨ ᠠᠪᠤᠭᠠᠳ ᠠᠯᠤᠰ ᠤ᠋ᠨ ᠠᠯᠤᠰ ᠣᠢ ᠶ᠋ᠢᠨ ᠭᠦᠨ ᠳ᠋ᠦ᠍ ᠨᠢᠭᠤᠭᠳᠠᠨ ᠣᠳᠤᠭᠰᠠᠨ ᠰᠠᠨ ᠪᠣᠯ ᠣᠳᠣ ᠢᠩᠭᠢᠵᠦ ᠵᠣᠪᠠᠵᠤ ᠰᠢᠨᠠᠯᠬᠤ ᠦᠭᠡᠢ ᠪᠠᠢᠯ᠎ᠠ᠃ ᠬᠠᠰᠠᠷ ᠪᠡᠯᠭᠦᠳᠡᠢ ᠬᠣᠶᠠᠷ ᠳᠡᠭᠦᠦ ᠶ᠋ᠢᠨ ᠢ᠋ᠶ᠋ᠡᠨ ᠦᠭᠡᠨ ᠳ᠋ᠦ᠍ ᠣᠷᠣᠵᠤ ᠮᠡᠷᠭᠢᠳ ᠢ᠋ ᠡᠷᠲᠡᠬᠡᠨ ᠳᠣᠪᠲᠣᠯᠤᠭᠰᠠᠨ ᠴᠤ᠌ ᠪᠣᠯᠤᠭᠠᠰᠠᠢ ᠭᠡᠵᠦ ᠭᠠᠰᠠᠯᠤᠨ ᠪᠣᠳᠣᠪᠠ᠃ ᠭᠡᠪᠡᠴᠦ ᠣᠷᠣᠢᠲᠠᠵᠠᠢ᠃ ᠪᠥᠷᠲᠡ ᠶᠠᠮᠠᠷ ᠴᠤ᠌ ᠪᠤᠷᠤᠭᠤ ᠦᠭᠡᠢ ᠭᠡᠳᠡᠭ ᠢ᠋ ᠴᠦ᠍ ᠣᠢᠯᠠᠭᠠᠪᠠ᠃ ᠲᠡᠪᠴᠢᠬᠦ ᠭᠠᠭᠴᠠᠬᠠᠨ ᠰᠡᠳᠬᠢᠯ ᠵᠢᠷᠦᠬᠡᠨ ᠳ᠋ᠡᠭᠡᠨ ᠨᠢᠯᠪᠤᠰᠤ ᠮᠡᠲᠦ ᠴᠢᠰᠤ ᠪᠠᠨ ᠤᠷᠤᠰᠬᠠᠵᠤ᠂ ᠭᠠᠳᠠᠭᠰᠢ ᠨᠢ ᠮᠡᠳᠡᠭᠳᠡᠬᠦ ᠦᠭᠡᠢ ᠪᠠᠢᠬᠤ ᠶᠣᠰᠣᠲᠠᠢ ᠪᠠᠢᠯ᠎ᠠ᠃
ᠲᠡᠮᠦᠵᠢᠨ ᠨᠣᠢᠲᠠᠨ ᠭᠠᠵᠠᠷ ᠬᠡᠪᠲᠡᠵᠦ ᠬᠡᠪᠲᠡᠵᠦ ᠥᠨᠳᠡᠢᠪᠡ᠃ ᠬᠥᠭᠡᠷᠦᠬᠦᠢ ᠪᠥᠷᠲᠡ ᠰᠥᠬᠥᠷᠡᠨ ᠰᠠᠭᠤᠭᠰᠠᠨ ᠬᠡᠪ ᠢ᠋ᠶ᠋ᠡᠷ᠂ ᠨᠥᠬᠥᠳ ᠨᠢ ᠬᠣᠯᠠ ᠦᠭᠡᠢ ᠵᠣᠭᠰᠣᠬᠤ ᠨᠢ ᠵᠣᠭᠰᠣᠵᠤ᠂ ᠰᠠᠭᠤᠬᠤ ᠨᠢ ᠰᠠᠭᠤᠭᠰᠠᠨ ᠬᠠᠷᠠᠭᠳᠠᠨ᠎ᠠ᠃ ᠲᠡᠳᠡ ᠲᠡᠭᠦᠨ ᠢ᠋ ᠬᠡᠷᠬᠢᠬᠦ ᠶ᠋ᠢ ᠬᠦᠯᠢᠶᠡᠨ ᠪᠠᠢᠯ᠎ᠠ᠃ ᠲᠡᠮᠦᠵᠢᠨ ᠪᠤᠰᠢᠭᠤᠬᠠᠨ ᠦᠰᠦᠷᠦᠨ ᠪᠣᠰᠪᠠ᠃ ᠭᠠᠵᠠᠷ ᠰᠢᠷᠳᠡᠨ ᠴᠢᠯᠠᠭᠤᠨ ᠬᠥᠰᠢᠶ᠎ᠡ ᠮᠡᠲᠦ ᠬᠥᠳᠡᠯᠭᠡᠨ ᠦᠭᠡᠢ ᠰᠥᠬᠥᠷᠡᠨ ᠰᠠᠭᠤᠭᠰᠠᠭᠠᠷ ᠪᠠᠢᠭᠰᠠᠨ ᠪᠥᠷᠲᠡ ᠴᠦ᠍ ᠲᠣᠯᠣᠭᠠᠢ ᠪᠠᠨ ᠡᠷᠭᠦᠪᠡ᠃ ᠶᠠᠳᠠᠷᠠᠵᠤ ᠲᠤᠢᠯᠳᠠᠭᠰᠠᠨ ᠪᠥᠷᠲᠡ ᠪᠦᠷ ᠨᠢᠳᠦᠨ ᠡᠴᠡ ᠭᠠᠷᠴᠤ ᠶᠠᠮᠠᠷ ᠴᠤ᠌ ᠥᠩᠭᠡ ᠦᠵᠡᠮᠵᠢ ᠦᠭᠡᠢ ᠪᠣᠯᠤᠭᠰᠠᠨ ᠦᠵᠡᠭᠳᠡᠨ᠎ᠡ᠃ ᠲᠡᠮᠦᠵᠢᠨ ᠲᠡᠭᠦᠨ ᠢ᠋ ᠭᠡᠨᠡᠳᠲᠡ ᠶᠡᠬᠡ ᠪᠡᠷ ᠦᠷᠦ ᠡᠪᠡᠳᠦᠨ ᠤᠶᠠᠷᠠᠯ᠎ᠠ᠃ ᠳᠡᠷᠭᠡᠳᠡ ᠨᠢ ᠣᠴᠢᠬᠤ ᠳ᠋ᠤ᠌ ᠪᠥᠷᠲᠡ ᠥᠨᠳᠡᠢᠪᠡ᠃
— ᠲᠡᠮᠦᠵᠢᠨ᠂ ᠴᠢ ᠨᠠᠮᠠᠶ᠋ᠢ ᠲᠥᠷᠬᠥᠮ ᠳ᠋ᠦ᠍ ᠮᠢᠨᠢ ᠪᠤᠴᠠᠭᠠᠴᠢᠬᠠ᠃ ᠪᠢ ᠬᠣᠩᠭᠢᠷᠠᠳ ᠠᠢᠮᠠᠭ ᠲᠠᠭᠠᠨ ᠣᠴᠢᠵᠤ ᠳ᠋ᠠᠢ ᠰᠡᠴᠡᠨ ᠠᠪᠤ᠂ ᠴᠤᠳᠤᠨ ᠡᠵᠢ ᠶ᠋ᠢᠨ ᠢ᠋ᠶ᠋ᠡᠨ ᠭᠡᠷ ᠲᠦ᠍ ᠦᠢᠯᠡ ᠪᠡᠨ ᠳᠠᠭᠠᠨ ᠰᠠᠭᠤᠶ᠎ᠠ᠃ ᠲᠡᠳᠡ ᠨᠠᠮᠠᠶ᠋ᠢ ᠂ ᠮᠢᠨᠦ ᠦᠷ᠎ᠡ ᠶ᠋ᠢ ᠶᠠᠭᠠᠬᠢᠪᠠᠴᠤ ᠠᠯᠠᠬᠤ ᠦᠭᠡᠢ᠃ ᠴᠢ ᠨᠠᠮᠠᠶ᠋ᠢ ᠮᠠᠷᠲᠠᠵᠤ ᠲᠠᠢᠪᠤᠩ ᠠᠮᠢᠳᠤᠷᠠᠭᠲᠤᠨ᠃ ᠴᠢ ᠪᠢᠳᠡ ᠬᠣᠶᠠᠷ ᠶᠢᠰᠦᠨ ᠨᠠᠰᠤᠲᠠᠢ ᠪᠠᠯᠴᠢᠷ ᠦᠶ᠎ᠡ ᠳ᠋ᠡᠭᠡᠨ ᠰᠦᠢ ᠲᠠᠯᠪᠢᠭ᠎ᠠ ᠦᠭᠡᠢ ᠶᠤᠮ ᠰᠢᠭ ᠶᠠᠪᠤᠶ᠎ᠠ ᠭᠡᠵᠦ ᠪᠥᠷᠲᠡ ᠰᠢᠪᠡᠨᠡᠪᠡ᠃ ᠪᠥᠷᠲᠡ ᠦᠨᠡᠬᠡᠷ ᠡᠨᠡ ᠦᠰ ᠬᠣᠨᠵᠢᠩ᠂ ᠦᠬᠦᠯ ᠴᠢᠰᠤ ᠨᠢᠭᠤᠷᠯᠠᠭᠰᠠᠨ ᠪᠣᠷᠵᠢᠭᠢᠨ ᠠᠢᠮᠠᠭ᠂ᠲᠡᠮᠦᠵᠢᠨ ᠦ᠌ ᠳᠡᠷᠭᠡᠳᠡ ᠡᠴᠡ ᠡᠭᠦᠷᠢᠳᠡ ᠬᠣᠯᠠᠳᠤᠨ ᠵᠠᠢᠯᠠᠬᠤ ᠶ᠋ᠢ ᠬᠦᠰᠡᠵᠦ ᠪᠠᠢᠪᠠ᠃ ᠲᠡᠭᠦᠨ ᠦ᠌ ᠠᠮᠢᠳᠤᠷᠠᠯ ᠳ᠋ᠤ᠌ ᠰᠠᠢᠬᠠᠨ ᠶᠠᠭᠤᠮ᠎ᠠ ᠶᠠᠭᠤ ᠴᠤ᠌ ᠪᠠᠢᠭᠰᠠᠨ ᠦᠭᠡᠢ ᠮᠡᠲᠦ ᠰᠠᠨᠠᠭᠳᠠᠨ᠎ᠠ᠃ ᠭᠠᠭᠴᠠᠬᠠᠨ ᠲᠡᠮᠦᠵᠢᠨ ᠳ᠋ᠦ᠍ ᠳᠤᠷᠠᠯᠠᠭᠰᠠᠨ ᠰᠡᠳᠬᠢᠯ ᠨᠢ ᠪᠦᠭᠦᠳᠡ ᠶ᠋ᠢ ᠨᠥᠬᠥᠵᠦ ᠪᠠᠢᠭᠰᠠᠨ ᠪᠢᠯᠡ᠃ ᠭᠡᠲᠡᠯ᠎ᠡ ᠬᠠᠢᠷᠠᠲᠠᠢ ᠲᠡᠮᠦᠵᠢᠨ ᠦ᠌ ᠬᠢᠨᠢ ᠪᠠᠢᠭ᠎ᠠ ᠪᠠᠢᠳᠠᠯ ᠲᠡᠭᠦᠨ ᠳ᠋ᠦ᠍ ᠭᠣᠮᠣᠳᠠᠯ᠂ ᠬᠠᠷᠠᠭᠤᠰᠤᠯ ᠠᠪᠴᠢᠷᠠᠵᠠᠢ᠃
ᠲᠡᠮᠦᠵᠢᠨ ᠲᠡᠭᠦᠨ ᠢ᠋ ᠲᠡᠪᠡᠷᠢᠪᠡ᠃ ᠪᠥᠷᠲᠡ ᠶ᠋ᠢᠨ ᠨᠢᠳᠦᠨ ᠡᠴᠡ ᠨᠢᠯᠪᠤᠰᠤ ᠤᠷᠤᠰᠤᠨ ᠡᠷᠡᠦ ᠬᠦᠵᠦᠭᠦᠦ ᠶ᠋ᠢ ᠨᠢ ᠬᠠᠯᠠᠭᠤ ᠣᠷᠭᠢᠭᠤᠯᠤᠨ᠎ᠠ᠃ ᠢᠩᠭᠢᠵᠦ ᠴᠢᠮᠡᠭᠡ ᠦᠭᠡᠢ ᠲᠡᠪᠡᠷᠢᠭᠰᠡᠨ ᠨᠢ ᠬᠠᠢᠷ᠎ᠠ ᠰᠡᠳᠬᠢᠯ ᠦ᠋ᠨ ᠬᠠᠮᠤᠭ ᠤ᠋ᠨ ᠨᠠᠨᠳᠢᠨ ᠦᠶ᠎ᠡ ᠶ᠋ᠢ ᠰᠠᠨᠠᠭᠳᠠᠭᠤᠯᠵᠠᠢ᠃