ᠴᠢᠩᠭᠢᠰ ᠬᠠᠭᠠᠨ ᠊ᠤ ᠨᠢᠭᠤᠴᠠ ᠲᠡᠦᠬᠡ- ᠡᠮᠦᠨᠡᠬᠢ ᠦᠭᠡЧингис хааны нууц түүх-Өмнөх үг
ᠡᠮᠦᠨᠡᠬᠢ ᠦᠭᠡ
ᠲᠩᠷᠢ ᠶ᠋ᠢᠨ ᠵᠠᠷᠯᠢᠭ
ᠬᠥᠮᠦᠨ ᠲᠥᠷᠥᠯᠬᠢᠲᠡᠨ ᠦ᠌ ᠲᠡᠦᠬᠡ ᠨᠢᠭᠤᠴᠠ ᠡᠴᠡ ᠨᠢᠭᠤᠴᠠ ᠤᠷᠤᠭᠤ ᠥᠷᠲᠡᠭᠡᠯᠡᠨ ᠶᠠᠪᠤᠭ᠎ᠠ ᠮᠡᠲᠦ ᠰᠠᠨᠠᠭᠳᠠᠨ᠎ᠠ᠃ ᠲᠡᠢᠮᠦ ᠡᠴᠡ ᠰᠢᠨ᠎ᠡ ᠲᠡᠦᠬᠡ ᠭᠡᠵᠦ ᠦᠭᠡᠢ᠂ ᠪᠠᠰᠠ ᠬᠠᠭᠤᠴᠢᠨ ᠲᠡᠦᠬᠡ ᠭᠡᠵᠦ ᠦᠭᠡᠢ ᠪᠦᠭᠦᠳᠡ ᠲᠡᠦᠬᠡ ᠶ᠋ᠢᠨ ᠲᠡᠦᠬᠡ ᠠᠵᠢ᠃ ᠲᠡᠦᠬᠡᠨ ᠦᠢᠯᠡ ᠶᠠᠪᠤᠳᠠᠯ᠂ ᠲᠡᠦᠬᠡᠲᠤ᠌ ᠬᠥᠮᠦᠰ ᠢ᠋ ᠰᠢᠨ᠎ᠡ ᠪᠡᠷ ᠨᠡᠭᠡᠭᠡᠨ ᠬᠠᠷᠠᠬᠤ ᠳ᠋ᠤ᠌ ᠤᠷᠠᠨ ᠵᠣᠬᠢᠶᠠᠯ ᠬᠡᠮᠡᠬᠦ ᠰᠢᠳᠢᠲᠤ᠌ ᠶᠢᠷᠲᠢᠨᠴᠦ ᠶᠡᠷᠦ ᠪᠤᠰᠤ ᠶ᠋ᠢᠨ ᠳᠣᠯᠭᠢᠰ ᠢ᠋ ᠡᠭᠦᠰᠬᠡᠨ᠎ᠡ᠃ ᠴᠣᠬᠣᠮ ᠬᠦ᠌ ᠵᠣᠬᠢᠶᠠᠯᠴᠢ ᠶ᠋ᠢᠨ ᠭᠡᠭᠡᠨ ᠣᠶᠤᠨ᠂ ᠣᠩᠭᠣᠳ ᠠᠪᠢᠶᠠᠰ᠂ ᠰᠡᠳᠬᠢᠯ ᠦ᠋ᠨ ᠬᠠᠯᠢᠯ᠂ ᠤᠷᠠᠨ ᠲᠠᠯᠪᠢᠯ ᠲᠡᠷᠢᠭᠦᠲᠡᠨ ᠴᠠᠭ ᠴᠠᠭ ᠤ᠋ᠨ ᠨᠢᠭᠤᠴᠠ ᠶ᠋ᠢ ᠲᠠᠢᠯᠬᠤ ᠣᠨᠢᠰᠣᠭᠠᠲᠤ ᠶᠢᠷᠲᠢᠨᠴᠦ ᠪᠥᠭᠡᠳ ᠲᠡᠢᠨ ᠬᠦ᠌ ᠲᠡᠦᠬᠡᠨ ᠤᠷᠠᠨ ᠵᠣᠬᠢᠶᠠᠯ ᠠᠮᠢᠯᠠᠨ ᠴᠡᠴᠡᠭᠯᠡᠳᠡᠭ ᠶᠤᠮ᠃ ᠡᠢᠨ ᠦᠵᠡᠬᠦᠢ ᠳ᠋ᠦ᠍ ᠮᠠᠨ ᠤ᠋ ᠤᠷᠠᠨ ᠵᠣᠬᠢᠶᠠᠯ ᠤ᠋ᠨ ᠲᠡᠦᠬᠡᠨ ᠪᠠᠭᠠᠲᠤᠷ ᠤ᠋ᠳ ᠤ᠋ᠨ ᠳᠦᠷᠢ ᠥᠪᠡᠷ ᠬᠣᠭᠣᠷᠣᠨᠳᠣ ᠪᠠᠨ ᠦᠯᠦ ᠢᠯᠭᠠᠷᠠᠮ᠎ᠠ ᠳᠡᠩᠳᠡᠭᠦᠦ ᠠᠳᠠᠯᠢᠬᠠᠨ ᠪᠠᠢᠭ᠎ᠠ ᠶ᠋ᠢ ᠪᠠᠷᠢᠮᠲᠠ ᠶ᠋ᠢᠨ ᠪᠠᠷᠢᠨᠲᠠᠭ ᠲᠤ᠌ ᠪᠠᠷᠢᠭᠳᠠᠨ ᠰᠡᠳᠬᠢᠯᠭᠡᠨ ᠦ᠌ ᠵᠠᠭᠪᠤᠷᠴᠢᠯᠠᠯ᠂ ᠠᠷᠭ᠎ᠠ ᠪᠠᠷᠢᠯ᠂ ᠣᠨᠣᠯ ᠰᠤᠷᠲᠠᠬᠤᠨ ᠤ᠋ ᠨᠢᠭᠡᠨ ᠬᠡᠪ ᠲᠦ᠍ ᠣᠷᠣᠭᠰᠠᠨ ᠢ᠋ᠶ᠋ᠠᠷ ᠲᠠᠢᠯᠪᠤᠷᠢᠯᠠᠵᠤ ᠪᠣᠯᠬᠤ ᠪᠣᠯᠪᠠᠴᠤ ᠦᠨᠡᠨ ᠳ᠋ᠡᠭᠡᠨ ᠰᠢᠨᠡᠴᠢᠯᠡᠭᠳᠡᠭᠡ ᠦᠭᠡᠢ ᠶ᠋ᠢᠨ ᠦᠨᠡᠨ ᠳᠦᠷᠢ ᠵᠢᠷᠤᠭ ᠡᠨᠡ ᠶᠤᠮ᠃ ᠮᠣᠩᠭᠣᠯ ᠤ᠋ᠨ ᠤᠷᠠᠨ ᠵᠣᠬᠢᠶᠠᠯ ᠤ᠋ᠨ ᠬᠥᠭᠵᠢᠯ ᠦ᠋ᠨ ᠡᠢᠮᠦ ᠦᠶ᠎ᠡ ᠳ᠋ᠦ᠍ ᠲᠠᠰᠤᠷᠠᠯᠲᠠ ᠪᠣᠯᠤᠨ ᠭᠠᠷᠴᠤ ᠢᠷᠡᠭᠰᠡᠨ ᠰᠤᠷ ᠪᠦᠲᠤ᠌ᠭᠡᠯ ᠪᠣᠯ《ᠴᠢᠩᠭᠢᠰ ᠬᠠᠭᠠᠨ ᠤ᠋ ᠨᠢᠭᠤᠴᠠ ᠲᠡᠦᠬᠡ》ᠷᠣᠮᠠᠨ ᠪᠢᠯᠡ᠃ ᠡᠨᠡ ᠬᠦ᠌ ᠷᠣᠮᠠᠨ ᠤ᠋ ᠭᠠᠢᠬᠠᠮᠰᠢᠭᠲᠤ ᠬᠤᠪᠢ ᠵᠣᠬᠢᠶᠠᠯ ᠨᠢ ᠳᠡᠯᠡᠬᠡᠢ ᠶ᠋ᠢᠨ ᠬᠥᠮᠦᠨ— ᠴᠢᠩᠭᠢᠰ ᠬᠠᠭᠠᠨ ᠤ᠋ ᠳᠦᠷᠢ ᠶ᠋ᠢ ᠪᠦᠲᠤ᠌ᠭᠡᠭᠰᠡᠨ ᠥᠨᠥ ᠶ᠋ᠢ ᠬᠦᠷᠲᠡᠯᠡᠬᠢ ᠪᠦᠬᠦᠢᠯᠡ ᠣᠯᠤᠯᠲᠠ ᠶ᠋ᠢ ᠰᠢᠩᠭᠡᠭᠡᠬᠦ ᠣᠮᠣᠢᠳᠠᠭᠰᠠᠨ᠂ ᠢ᠋ ᠵᠠᠯᠠᠷᠠᠭᠤᠯᠬᠤ᠂ ᠣᠷᠬᠢᠭᠳᠠᠭᠰᠠᠨ ᠢ᠋ ᠨᠡᠮᠡᠬᠦ᠂ ᠣᠯᠳᠠᠰᠢ ᠦᠭᠡᠢ ᠶ᠋ᠢ ᠨᠥᠬᠥᠬᠦ ᠲᠡᠦᠬᠡᠨ ᠱᠠᠭᠠᠷᠳᠠᠯᠭ᠎ᠠ ᠶ᠋ᠢ ᠤᠷᠠᠨ ᠪᠦᠲᠤ᠌ᠭᠡᠯ ᠦ᠋ᠨ ᠢ᠋ᠶ᠋ᠡᠨ ᠭᠣᠣᠯ ᠵᠣᠷᠢᠯᠭ᠎ᠠ ᠪᠣᠯᠭᠠᠨ ᠪᠦᠲᠤ᠌ᠭᠡᠨ ᠲᠤᠭᠤᠷᠪᠢᠭᠰᠠᠨ ᠳ᠋ᠤ᠌ ᠣᠷᠣᠰᠢᠨ᠎ᠠ᠃ ᠲᠡᠢᠮᠦ ᠡᠴᠡ ᠴᠢᠩᠭᠢᠰ ᠬᠠᠭᠠᠨ ᠢ᠋ ᠬᠥᠮᠦᠨ ᠦ᠌ ᠬᠢᠨᠢ ᠬᠤᠪᠢ ᠳ᠋ᠤ᠌ ᠬᠤᠪᠢᠴᠢᠯᠠᠨ ᠠᠮᠢᠯᠠᠭᠤᠯᠵᠤ᠂ ᠲᠡᠷᠡ ᠬᠦ᠌ ᠬᠤᠪᠢ ᠴᠢᠨᠠᠷ ᠨᠢ ᠲᠡᠦᠬᠡᠨ ᠦᠢᠯᠡ ᠶᠠᠪᠤᠳᠠᠯ ᠤ᠋ᠨ ᠳᠤᠮᠳᠠ ᠬᠡᠷᠬᠢᠨ ᠠᠯᠳᠠᠵᠤ ᠡᠨᠳᠡᠵᠦ᠂ ᠤᠨᠠᠵᠤ ᠪᠣᠰᠴᠤ᠂ ᠲᠥᠯᠥᠪᠰᠢᠵᠦ ᠬᠥᠭᠵᠢᠵᠦ ᠪᠠᠢᠭ᠎ᠠ ᠶ᠋ᠢ ᠤᠷᠠᠨ ᠰᠠᠢᠬᠠᠨ ᠤ᠋ ᠥᠷᠭᠡᠨ ᠳᠡᠯᠭᠡᠴᠡ ᠳᠡᠭᠡᠷ᠎ᠡ ᠦᠵᠡᠭᠦᠯᠵᠡᠢ᠃ ᠦᠨᠡᠬᠡᠷ ᠲᠡᠮᠦᠵᠢᠨ᠂ ᠴᠢᠩᠭᠢᠰ ᠬᠠᠭᠠᠨ ᠪᠣᠯᠵᠤ᠂ ᠴᠢᠩᠭᠢᠰ ᠬᠠᠭᠠᠨ ᠳᠡᠯᠡᠬᠡᠢ ᠶ᠋ᠢᠨ ᠲᠡᠦᠬᠡᠨ ᠳ᠋ᠦ᠍ ᠵᠠᠭᠤ ᠵᠠᠭᠤᠨ ᠵᠢᠯ ᠠᠮᠢᠳᠤ ᠣᠷᠣᠰᠢᠨ ᠪᠠᠢᠭ᠎ᠠ ᠨᠢ ᠲᠩᠷᠢ ᠶ᠋ᠢᠨ ᠵᠠᠷᠯᠢᠭ ᠪᠣᠢ ᠵᠡ᠃ ᠭᠦᠷᠦᠨ ᠶᠡᠬᠡ ᠮᠣᠩᠭᠣᠯ ᠤᠯᠤᠰ ᠢ᠋ ᠪᠠᠢᠭᠤᠯᠵᠤ᠂ ᠳᠠᠶᠠᠭᠠᠷᠴᠢᠯᠠᠯ ᠤ᠋ᠨ ᠳᠠᠶᠠᠭᠠᠷᠴᠢᠯᠠᠯ ᠢ᠋ ᠦᠨᠳᠦᠰᠦᠯᠡᠵᠦ ᠪᠠᠢᠭᠰᠠᠨ ᠴᠢᠩᠭᠢᠰ ᠬᠠᠭᠠᠨ ᠢ᠋ 840 ᠵᠢᠯ ᠭᠠᠷᠤᠢ ᠶ᠋ᠢᠨ ᠳᠠᠷᠠᠭ᠎ᠠ ᠪᠤᠶᠤ ᠬᠥᠮᠦᠨ ᠲᠥᠷᠥᠯᠬᠢᠲᠡᠨ ᠦ᠌ ᠲᠡᠦᠬᠡ ᠶ᠋ᠢᠨ21 ᠳ᠋ᠦ᠍ᠭᠡᠷ ᠵᠠᠭᠤᠨ ᠤ᠋ ᠡᠬᠢᠨ ᠳ᠋ᠦ᠍ ᠰᠠᠶᠢ ᠬᠥᠮᠦᠨ ᠲᠠᠯ᠎ᠠ ᠡᠴᠡ ᠨᠢ ᠭᠦᠨ ᠨᠡᠭᠡᠭᠡᠵᠦ᠂ ᠲᠡᠭᠦᠨ ᠦ᠌ ᠭᠦᠨ ᠤᠬᠠᠭᠠᠨ᠂ ᠭᠡᠭᠡᠷᠡᠯ᠂ ᠤᠬᠠᠭᠠᠷᠠᠯ ᠢ᠋ ᠠᠩᠬ᠎ᠠ ᠤᠳᠠᠭ᠎ᠠ ᠥᠪᠡᠷᠮᠢᠴᠡ᠂ ᠬᠤᠷᠴᠠ ᠲᠣᠳᠣ᠂ ᠵᠦᠩ ᠪᠢᠯᠢᠭ ᠦ᠋ᠨ ᠡᠭᠦᠳᠡᠨ ᠡᠴᠡ ᠭᠠᠢᠬᠠᠮᠰᠢᠭᠲᠠᠢ ᠪᠠᠷ ᠳᠦᠷᠰᠦᠯᠡᠭᠰᠡᠨ ᠨᠢ ᠥᠭᠡᠷ᠎ᠡ ᠬᠡᠨ ᠴᠦ᠍ ᠪᠢᠰᠢ《ᠴᠢᠩᠭᠢᠰ ᠬᠠᠭᠠᠨ ᠤ᠋ ᠨᠢᠭᠤᠴᠠ ᠲᠡᠦᠬᠡ》ᠷᠣᠮᠠᠨ ᠪᠢᠯᠡ᠃ᠡᠨᠡ ᠷᠣᠮᠠᠨ ᠣᠷᠳᠣᠨ ᠤ᠋ ᠲᠡᠦᠬᠡ ᠪᠢᠰᠢ᠂ᠠᠯᠳᠠᠷᠲᠤ《ᠮᠣᠩᠭᠣᠯ ᠤ᠋ᠨ ᠨᠢᠭᠤᠴᠠ ᠲᠣᠪᠴᠢᠶᠠᠨ》 ᠤ᠋ ᠬᠠᠭᠤᠯᠪᠤᠷᠢ ᠪᠦᠷ ᠴᠦ᠍ ᠪᠢᠰᠢ ᠪᠥᠭᠡᠳ ᠬᠠᠷᠢᠨ ᠴᠤ᠌ ᠲᠡᠨᠳᠡ ᠳᠦᠷᠰᠦᠯᠡᠭᠳᠡᠭᠡ ᠦᠭᠡᠢ᠂ ᠣᠨ ᠴᠠᠭ ᠤ᠋ᠨ ᠬᠤᠪᠢ ᠳ᠋ᠤ᠌ ᠭᠡᠭᠡᠭᠳᠡᠭᠰᠡᠨ᠂ ᠦᠵᠡᠯ ᠪᠣᠳᠣᠯ ᠤ᠋ᠨ ᠬᠤᠪᠢ ᠳ᠋ᠤ᠌ ᠭᠠᠳᠠᠭᠤᠷᠬᠠᠭᠳᠠᠭᠰᠠᠨ᠂ ᠣᠨᠢᠰᠣᠭ᠎ᠠ ᠮᠡᠲᠤ᠌ ᠦᠯᠡᠳᠡᠭᠰᠡᠨ ᠪᠦᠬᠦᠨ ᠢ᠋ ᠨᠥᠬᠥᠨ ᠱᠠᠭᠯᠠᠭᠰᠠᠨ ᠨᠢ ᠰᠣᠷᠭᠣᠭ᠂ ᠰᠣᠩᠭᠣᠳᠠᠭ ᠬᠤᠪᠢᠯᠪᠤᠷᠢ ᠶ᠋ᠢ ᠪᠦᠲᠤ᠌ᠭᠡᠬᠦ ᠨᠢᠭᠡᠨ ᠤᠴᠢᠷ ᠢ᠋ ᠪᠦᠷᠢᠳᠦᠭᠦᠯᠵᠡᠢ᠃ ᠲᠡᠢᠮᠦ ᠡᠴᠡ ᠵᠣᠬᠢᠶᠠᠭᠴᠢᠳ ᠤᠷᠠᠨ ᠵᠣᠬᠢᠶᠠᠯ ᠤ᠋ᠨ ᠳᠦᠷᠢ ᠪᠡᠷ ᠳᠠᠮᠵᠢᠭᠤᠯᠤᠨ ᠲᠡᠦᠬᠡᠨ ᠡᠷᠢᠭᠡ ᠮᠡᠲᠤ᠌ ᠪᠦᠲᠤ᠌ᠭᠡᠭᠰᠡᠨ ᠡᠨᠡ ᠬᠦ᠌ ᠰᠢᠨ᠎ᠡ ᠰᠠᠨᠠᠯ ᠨᠢ ᠪᠢᠳᠡᠨ ᠦ᠌ ᠳᠠᠳᠴᠤ ᠵᠠᠩᠰᠢᠭᠰᠠᠨ ᠰᠡᠳᠬᠢᠯᠭᠡ᠂ ᠬᠡᠪᠰᠢᠵᠦ ᠲᠣᠭᠲᠠᠭᠰᠠᠨ ᠴᠢᠩᠭᠢᠰ ᠬᠠᠭᠠᠨ ᠤ᠋ ᠬᠠᠭᠤᠴᠢᠨ ᠳᠦᠷᠢ ᠶ᠋ᠢ ᠡᠪᠳᠡᠵᠦ ᠲᠡᠭᠦᠨ ᠢ᠋ ᠰᠢᠨ᠎ᠡ ᠰᠡᠳᠬᠢᠯᠭᠡ᠂ ᠰᠢᠨ᠎ᠡ ᠠᠷᠭᠠᠴᠢᠯᠠᠯ᠂ ᠰᠢᠨ᠎ᠡ ᠦᠨᠡᠯᠡᠮᠵᠢ ᠶ᠋ᠢᠨ ᠡᠭᠦᠳᠡᠨ ᠡᠴᠡ ᠰᠢᠨ᠎ᠡ ᠪᠡᠷ ᠬᠠᠷᠠᠬᠤ ᠰᠢᠨ᠎ᠡ ᠪᠣᠯᠤᠮᠵᠢ ᠶ᠋ᠢ ᠣᠯᠭᠣᠵᠤ ᠪᠠᠢᠨ᠎ᠠ᠃ ᠡᠨᠡ ᠷᠣᠮᠠᠨ ᠪᠣᠯ ᠣᠯᠠᠨ ᠲᠠᠯ᠎ᠠ ᠪᠠᠷ ᠢ᠋ᠶ᠋ᠠᠨ ᠮᠣᠩᠭᠣᠯ ᠤ᠋ᠨ ᠤᠷᠠᠨ ᠵᠣᠬᠢᠶᠠᠯ ᠳ᠋ᠤ᠌《ᠴᠣ ᠰᠢᠨ᠎ᠡ》 ᠭᠡᠵᠦ ᠪᠣᠯᠬᠤ ᠪᠦᠲᠤ᠌ᠭᠡᠯ ᠶᠤᠮ᠃
ᠤᠷᠭᠤᠬᠤ ᠨᠠᠷᠠᠨ ᠵᠠᠯᠠᠭ᠎ᠠ ᠲᠠᠢ ᠴᠡᠩᠬᠡᠷ ᠳᠡᠯᠡᠬᠡᠢ ᠶ᠋ᠢᠨ ᠲᠠᠯ᠎ᠠ ᠶ᠋ᠢ ᠤᠯᠠᠭᠠᠨ ᠵᠠᠯᠠᠭ᠎ᠠ ᠲᠠᠢ ᠮᠣᠩᠭᠣᠯ ᠬᠥᠮᠦᠨ ᠨᠢᠭᠡᠳᠬᠡᠨ ᠵᠠᠰᠠᠭᠯᠠᠵᠤ᠂ ᠶᠢᠷᠲᠢᠨᠴᠦ ᠳ᠋ᠦ᠍ ᠥᠨᠥ ᠶ᠋ᠢ ᠬᠦᠷᠲᠡᠯ᠎ᠡ ᠵᠡᠭᠦᠳᠦᠯᠡᠵᠦ ᠪᠣᠢ ᠨᠢᠭᠡᠨ ᠳᠡᠭᠡᠪᠦᠷ ᠲᠦ᠍ ᠪᠠᠭᠲᠠᠬᠤ ᠶᠡᠷᠦ ᠪᠤᠰᠤ ᠶ᠋ᠢᠨ ᠶᠡᠬᠡ ᠭᠦᠷᠦᠨ ᠢ᠋ ᠡᠵᠡᠨ ᠪᠣᠭᠳᠠ ᠴᠢᠩᠭᠢᠰ ᠬᠠᠭᠠᠨ ᠪᠠᠢᠭᠤᠯᠤᠭᠰᠠᠨ ᠨᠢ ᠮᠥᠩᠬᠡ ᠲᠩᠷᠢ ᠶ᠋ᠢᠨ ᠡᠷᠬᠡᠰᠢᠶᠡᠯ᠂ ᠡᠬᠡ ᠭᠠᠵᠠᠷ ᠤ᠋ᠨ ᠢᠪᠡᠭᠡᠯ ᠪᠠᠢᠪᠠ᠃ ᠴᠢᠩᠭᠢᠰ ᠬᠠᠭᠠᠨ ᠰᠥᠨᠢ ᠶ᠋ᠢᠨ ᠣᠳᠣ ᠰᠢᠭ᠋ ᠲᠦᠭᠡᠮᠡᠯ ᠨᠢᠭᠡᠨ ᠪᠠᠢᠭᠰᠠᠨ ᠦᠭᠡᠢ᠂ ᠡᠳᠦᠷ ᠦ᠋ᠨ ᠣᠳᠣ ᠮᠡᠲᠤ᠌ ᠬᠣᠪᠣᠷ ᠲᠠᠪᠢᠯᠠᠩᠲᠠᠨ᠂ ᠬᠥᠮᠦᠨ ᠪᠡᠶ᠎ᠡ ᠡᠴᠡ ᠬᠡᠲᠦᠢᠳᠦᠭᠰᠡᠨ ᠬᠤᠪᠢᠯᠭᠠᠨᠲᠠᠨ ᠪᠠᠢᠪᠠ᠃ ᠴᠣᠬᠣᠮ ᠬᠦ᠌ ᠮᠥᠩᠬᠡ ᠲᠩᠷᠢ ᠶ᠋ᠢᠨ ᠵᠠᠷᠤᠭᠤᠯ ᠢ᠋ᠶ᠋ᠠᠷ ᠲᠥᠷᠥᠭᠰᠡᠨ ᠴᠢᠩᠭᠢᠰ ᠬᠠᠭᠠᠨ ᠤᠨᠤᠨ ᠮᠥᠷᠡᠨ ᠦ᠌ ᠬᠥᠪᠡᠭᠡᠨ ᠡᠴᠡ ᠣᠷᠴᠢᠯᠠᠩ ᠳᠡᠯᠡᠬᠡᠢ ᠶ᠋ᠢᠨ ᠬᠠᠭᠠᠨ ᠡᠵᠡᠨ ᠪᠣᠯᠲᠠᠯ᠎ᠠ ᠪᠠᠨ ᠬᠤᠪᠢ ᠬᠥᠮᠦᠨ ᠦ᠌ ᠬᠤᠪᠢ ᠳ᠋ᠤ᠌ ᠬᠡᠷᠬᠢᠨ ᠵᠣᠪᠠᠵᠤ ᠵᠦᠳᠡᠷᠡᠵᠦ᠂ ᠪᠡᠷᠬᠡᠰᠢᠶᠡᠯ ᠰᠠᠭᠠᠳ ᠢ᠋ ᠲᠤᠭᠤᠯᠵᠤ ᠤᠬᠠᠭᠠᠵᠢᠨ ᠬᠠᠲᠠᠭᠤᠵᠢᠵᠤ ᠨᠣᠣᠷᠬᠠᠢ ᠳᠡᠪᠡᠯᠲᠦ ᠡᠴᠡ ᠨᠣᠮ ᠤ᠋ᠨ ᠤᠬᠠᠭᠠᠨᠲᠠᠨ᠂ ᠮᠣᠬᠣᠰᠢ ᠦᠭᠡᠢ ᠲᠡᠮᠡᠴᠡᠯ ᠡᠴᠡ ᠮᠣᠩᠭᠣᠯ ᠤ᠋ᠨ ᠬᠠᠭᠠᠨᠲᠠᠨ᠂ ᠳᠡᠯᠡᠬᠡᠢ ᠶ᠋ᠢᠨ ᠬᠥᠮᠦᠨ ᠪᠣᠯᠲᠠᠯ᠎ᠠ ᠪᠠᠨ ᠳᠡᠪᠵᠢᠭᠰᠡᠨ ᠠᠳᠠᠯ ᠶᠠᠪᠤᠳᠠᠯ᠂ ᠠᠲᠠᠭ᠎ᠠ ᠬᠣᠷᠣᠰᠤᠯ᠂ ᠠᠯᠠᠨ ᠳᠠᠯᠠᠨ᠂ ᠠᠤᠭ᠎ᠠ ᠰᠡᠳᠬᠢᠯᠭᠡ ᠶ᠋ᠢ ᠳᠦᠷᠰᠦᠯᠡᠭᠰᠡᠨ ᠨᠢ ᠴᠢᠩᠭᠢᠰ ᠬᠠᠭᠠᠨ ᠤ᠋ ᠤᠷᠢᠳ ᠬᠣᠵᠢᠳ ᠪᠠᠢᠭ᠎ᠠ ᠦᠭᠡᠢ ᠨᠢᠭᠤᠴᠠ᠂ ᠰᠢᠨ᠎ᠡ ᠶᠢᠷᠲᠢᠨᠴᠦ ᠶ᠋ᠢ ᠲᠠᠢᠯᠤᠨ ᠦᠵᠡᠭᠦᠯᠪᠡ᠃ ᠰᠡᠳᠬᠢᠯ ᠵᠦᠢ᠂ ᠰᠠᠷᠠᠯ ᠤᠬᠠᠭᠠᠷᠠᠯ᠂ ᠰᠡᠬᠡᠭᠡᠷᠡᠯ ᠮᠡᠳᠡᠷᠡᠮᠵᠢ ᠪᠡᠷ《ᠴᠢᠩᠭᠢᠰ ᠬᠠᠭᠠᠨ ᠤ᠋ ᠨᠢᠭᠤᠴᠠ ᠲᠡᠦᠬᠡ》 ᠷᠣᠮᠠᠨ ᠮᠣᠩᠭᠣᠯ ᠤ᠋ᠨ ᠤᠳᠬ᠎ᠠ ᠵᠣᠬᠢᠶᠠᠯ ᠤ᠋ᠨ ᠶᠢᠷᠲᠢᠨᠴᠦ ᠳ᠋ᠦ᠍ ᠳᠦᠷᠢ ᠪᠦᠲᠦᠭᠡᠬᠦ ᠲᠡᠷᠡ ᠳᠤᠮᠳᠠ ᠪᠠᠨ ᠲᠡᠦᠬᠡᠨ ᠳᠦᠷᠢ ᠪᠦᠲᠦᠭᠡᠬᠦ ᠠᠷᠭ᠎ᠠ ᠬᠡᠯᠪᠡᠷᠢ ᠳ᠋ᠦ᠍ ᠰᠢᠨ᠎ᠡ ᠬᠤᠪᠢᠰᠬᠠᠯ ᠬᠢᠭᠰᠡᠨ ᠢ᠋ᠶ᠋ᠡᠨ ᠵᠠᠷᠯᠠᠨ ᠲᠤᠩᠬᠠᠭᠯᠠᠪᠠ᠃ ᠰᠡᠳᠬᠢᠯ ᠵᠦᠢ ᠶ᠋ᠢᠨ ᠡᠨᠡ ᠬᠦ᠌ ᠷᠣᠮᠠᠨ ᠡᠷᠳᠡᠨᠢ ᠶ᠋ᠢᠨ ᠶᠢᠰᠦᠨ ᠪᠦᠯᠦᠭ ᠲᠡᠢ ᠪᠥᠭᠡᠳ ᠲᠡᠭᠦᠨ ᠢ᠋《ᠪᠥᠷᠲᠡ》᠂《ᠵᠠᠮᠤᠬ᠎ᠠ》᠂《ᠳᠠᠪ ᠲᠡᠭᠷᠢ》᠂《ᠥᠭᠡᠯᠦᠨ》᠂《ᠬᠠᠰᠠᠷ》᠂《ᠬᠤᠯᠠᠨ》᠂《ᠵᠥᠴᠢ》᠂《ᠪᠤᠭᠤᠷᠴᠢ》᠂《ᠲᠡᠮᠦᠵᠢᠨ》 ᠭᠡᠮᠡᠨ ᠨᠡᠷᠡᠢᠳᠦᠭᠰᠡᠨ ᠨᠢ ᠭᠦᠨᠵᠡᠭᠡᠢ ᠤᠴᠢᠷᠲᠠᠢ᠃ ᠡᠨᠡ ᠲᠡᠦᠬᠡᠲᠦ ᠬᠥᠮᠦᠰ ᠦ᠋ᠨ ᠵᠠᠩ ᠴᠢᠨᠠᠷ᠂ ᠪᠦᠲᠦᠭᠡᠯ ᠦᠢᠯᠡ᠂ ᠦᠵᠡᠯ ᠪᠣᠳᠣᠯ ᠨᠢ ᠨᠢᠭᠡᠨ ᠭᠣᠣᠯ ᠤ᠋ᠨ ᠴᠢᠳᠬᠤᠯᠠᠩ ᠮᠡᠲᠦ ᠨᠢᠭᠡᠳᠦᠨ ᠨᠡᠢᠯᠡᠵᠦ ᠲᠡᠭᠦᠨ ᠡᠴᠡ ᠡᠵᠡᠨ ᠪᠣᠭᠳᠠ ᠴᠢᠩᠭᠢᠰ ᠬᠠᠭᠠᠨ ᠤᠷᠭᠤᠨ ᠲᠥᠯᠵᠢᠭᠰᠡᠨ ᠢ᠋ ᠴᠣᠬᠴᠠᠯᠠᠭᠠᠨ ᠳᠦᠷᠰᠦᠯᠡᠭᠰᠡᠨ ᠨᠢ《ᠴᠢᠩᠭᠢᠰ ᠬᠠᠭᠠᠨ ᠤ᠋ ᠨᠢᠭᠤᠴᠠ ᠲᠡᠦᠬᠡ》 ᠷᠣᠮᠠᠨ ᠤ᠋ ᠭᠣᠣᠯ ᠣᠯᠤᠯᠲᠠ ᠳ᠋ᠤ᠌ ᠣᠷᠣᠰᠢᠨ᠎ᠠ᠃ ᠡᠭᠦᠨ ᠡᠴᠡ ᠡᠮᠦᠨ᠎ᠡ ᠴᠢᠩᠭᠢᠰ ᠬᠠᠭᠠᠨ ᠡᠴᠡ ᠡᠳᠡᠭᠡᠷ ᠲᠡᠦᠬᠡᠲᠦ ᠬᠥᠮᠦᠰ ᠦ᠋ᠨ ᠲᠥᠷᠥᠨ ᠭᠠᠷᠤᠭᠰᠠᠨ ᠢ᠋ ᠳᠦᠷᠰᠦᠯᠡᠵᠦ ᠪᠠᠢᠭᠰᠠᠨ ᠪᠣᠯ ᠡᠨᠳᠡ ᠲᠡᠳᠡᠭᠡᠷ ᠬᠥᠮᠦᠰ ᠦ᠋ᠨ ᠨᠥᠯᠥᠭᠡ᠂ ᠦᠨᠡᠨᠴᠢ ᠂ ᠠᠲᠠᠭ᠎ᠠ ᠬᠣᠷᠣᠰᠤᠯ᠂ ᠠᠮᠢᠳᠤᠷᠠᠯ ᠲᠡᠮᠡᠴᠡᠯ ᠦ᠋ᠨ ᠳᠤᠮᠳᠠ ᠡᠴᠡ ᠴᠢᠩᠭᠢᠰ ᠬᠠᠭᠠᠨ ᠪᠣᠢᠵᠢᠨ ᠶᠡᠬᠡ ᠬᠠᠭᠠᠨ ᠤ᠋ ᠵᠡᠷᠭᠡ ᠳ᠋ᠦ᠍ ᠬᠦᠷᠴᠦ ᠪᠣᠢ ᠶ᠋ᠢ ᠦᠵᠡᠭᠦᠯᠦᠭᠰᠡᠨ ᠨᠢ ᠰᠢᠨ᠎ᠡ ᠦᠵᠡᠭᠳᠡᠯ ᠪᠣᠯᠤᠭᠰᠠᠨ ᠶᠤᠮ᠃ ᠳᠦᠷᠢ ᠪᠦᠬᠦᠨ ᠨᠢ ᠥᠪᠡᠷ ᠥᠪᠡᠷ ᠦ᠋ᠨ ᠬᠢ ᠪᠡᠷ ᠢ᠋ᠶ᠋ᠡᠨ ᠠᠮᠢᠳᠤᠷᠠᠵᠤ᠂ ᠬᠡᠨ ᠦ᠌ ᠴᠦ᠍ ᠨᠥᠯᠦᠭᠡᠨ ᠳ᠋ᠦ᠍ ᠦᠯᠦ ᠠᠪᠲᠠᠨ᠂ ᠪᠠᠰᠠ ᠮᠣᠩᠭᠣᠯ ᠤ᠋ᠨ ᠶᠡᠬᠡ ᠡᠵᠡᠨᠲᠦ ᠭᠦᠷᠦᠨ ᠦ᠌ ᠬᠥᠳᠡᠯᠭᠡᠭᠴᠢ ᠬᠦᠴᠦᠨ᠂ ᠠᠵᠠ ᠵᠢᠷᠭᠠᠯ ᠂ ᠠᠲᠠᠭ᠎ᠠ ᠬᠣᠷᠣᠰᠤᠯ ᠤ᠋ᠨ ᠡᠵᠡᠨ ᠪᠣᠯᠵᠤ ᠪᠠᠢᠭ᠎ᠠ ᠨᠢ ᠨᠡᠩ ᠰᠣᠨᠢᠨ᠃ ᠷᠣᠮᠠᠨ ᠪᠦᠬᠦᠯᠢ ᠳ᠋ᠡᠭᠡᠨ ᠬᠥᠮᠦᠨ ᠬᠣᠭᠣᠷᠣᠨᠳᠣ ᠶ᠋ᠢᠨ ᠰᠡᠳᠬᠢᠯ ᠦ᠋ᠨ ᠳᠣᠯᠣᠭᠠᠨ᠂ ᠵᠥᠷᠢᠴᠡᠯ ᠲᠡᠮᠡᠴᠡᠯ ᠪᠥᠭᠡᠳ ᠲᠡᠦᠬᠡᠨ ᠦᠢᠯᠡ ᠶᠠᠪᠤᠳᠠᠯ ᠤ᠋ᠨ ᠰᠢᠨ᠎ᠡ ᠲᠠᠢᠯᠤᠯ᠂ ᠰᠣᠨᠢᠷᠬᠠᠯᠲᠠᠢ ᠬᠤᠪᠢᠯᠪᠤᠷᠢ᠂ ᠰᠢᠢᠳᠦᠯ᠂ ᠤᠷᠠᠨ ᠰᠠᠨᠠᠭ᠎ᠠ᠂ ᠳᠦᠷᠰᠦᠯᠡᠯ ᠢ᠋ᠶ᠋ᠡᠷ ᠳᠦᠭᠦᠷᠡᠩ᠂ ᠭᠦᠨᠵᠡᠭᠡᠢ ᠠᠭᠤᠯᠭ᠎ᠠ ᠲᠠᠢ ᠶᠤᠮ᠃ ᠲᠡᠦᠬᠡ ᠶ᠋ᠢ ᠬᠡᠨ ᠨᠢᠭᠡᠨ ᠪᠢᠴᠢᠳᠡᠭ᠂ ᠲᠡᠷᠡ ᠨᠢ ᠶᠠᠮᠠᠷ ᠴᠤ᠌ ᠰᠣᠩᠭᠣᠳᠠᠭ ᠪᠢᠴᠢᠯᠭᠡ ᠲᠡᠢ ᠪᠠᠢᠯ᠎ᠠ ᠴᠤ᠌ ᠦᠨᠡᠨ ᠳ᠋ᠡᠭᠡᠨ ᠲᠤᠬᠠᠢ ᠶ᠋ᠢᠨ ᠦᠢᠯᠡ ᠶᠠᠪᠤᠳᠠᠯ ᠳ᠋ᠤ᠌ ᠬᠠᠨᠳᠤᠭᠰᠠᠨ ᠨᠢᠭᠡᠨ ᠬᠤᠪᠢᠯᠪᠤᠷᠢ ᠪᠠᠢᠳᠠᠭ ᠪᠥᠭᠡᠳ ᠬᠠᠷᠢᠨ ᠲᠡᠦᠬᠡᠨ ᠤᠳᠬ᠎ᠠ ᠵᠣᠬᠢᠶᠠᠯ ᠨᠢ ᠤᠷᠠᠨ ᠰᠡᠳᠬᠢᠮᠵᠢ᠂ ᠪᠣᠳᠠᠲᠤ ᠪᠠᠷᠢᠮᠲᠠ ᠶ᠋ᠢᠨ ᠬᠣᠷᠰᠢᠯ᠂ ᠨᠠᠢᠷᠠᠯ ᠬᠥᠭᠵᠢᠮ ᠶᠤᠮ᠃《ᠴᠢᠩᠭᠢᠰ ᠬᠠᠭᠠᠨ ᠤ᠋ ᠨᠢᠭᠤᠴᠠ ᠲᠡᠦᠬᠡ》 ᠷᠣᠮᠠᠨ ᠤ᠋ ᠤᠷᠠᠨ ᠰᠠᠢᠬᠠᠨ ᠤ᠋ ᠨᠡᠭᠡᠭᠡᠯᠲᠡ ᠶ᠋ᠢ ᠤᠬᠠᠭᠠᠷᠠᠬᠤ ᠳᠠᠭᠠᠨ ᠳᠦᠷᠢ ᠪᠡᠷ ᠳᠠᠮᠵᠢᠭᠰᠠᠨ ᠲᠡᠦᠬᠡ ᠶ᠋ᠢᠨ ᠰᠢᠨ᠎ᠡ ᠥᠭᠦᠯᠡᠮᠵᠢ᠂ ᠲᠡᠦᠬᠡ ᠥᠭᠦᠯᠡᠭᠰᠡᠨ ᠤᠷᠠᠨ ᠳᠦᠷᠢ ᠶ᠋ᠢᠨ ᠥᠪᠡᠷᠮᠢᠴᠡ ᠰᠢᠢᠳᠦᠯ ᠦ᠋ᠨ ᠵᠣᠬᠢᠰᠲᠤ ᠬᠠᠷᠢᠴᠠᠭ᠎ᠠ ᠶ᠋ᠢ ᠮᠣᠩᠭᠣᠯᠴᠤᠳ ᠤ᠋ᠨ ᠥᠪᠡᠷᠮᠢᠴᠡ ᠵᠠᠩ ᠵᠠᠩᠰᠢᠯ᠂ ᠰᠡᠳᠬᠢᠯ ᠵᠦᠢ᠂ ᠪᠠᠢᠭᠠᠯᠢ ᠪᠠᠨ ᠰᠢᠲᠦᠬᠦ ᠦᠵᠡᠯ᠂ ᠲᠩᠷᠢ ᠭᠠᠵᠠᠷ ᠬᠥᠮᠦᠨ ᠦ᠌ ᠭᠤᠷᠮᠤᠰᠤᠨ ᠬᠣᠯᠪᠣᠭ᠎ᠠ᠂ ᠪᠥᠬᠡ ᠮᠥᠷᠭᠥᠯ ᠦ᠋ᠨ ᠰᠢᠲᠦᠯᠭᠡ ᠲᠡᠢ ᠬᠣᠯᠪᠣᠵᠤ ᠲᠠᠢᠯᠬᠤ ᠬᠡᠷᠡᠭᠲᠡᠢ ᠪᠣᠯᠵᠤ ᠪᠠᠢᠨ᠎ᠠ᠃
ᠴᠢᠩᠭᠢᠰ ᠬᠠᠭᠠᠨ ᠢ᠋ ᠪᠤᠷᠬᠠᠨᠴᠢᠯᠠᠨ ᠰᠢᠲᠦᠵᠦ ᠵᠥᠪᠬᠡᠨ ᠢᠳᠢ ᠰᠢᠳᠢᠲᠡᠨ ᠮᠡᠲᠦ ᠪᠡᠷ ᠰᠡᠳᠬᠢᠬᠦ᠂ ᠡᠰᠡᠪᠡᠯ ᠲᠡᠭᠦᠨ ᠦ᠌ ᠲᠡᠦᠬᠡᠨ ᠳ᠋ᠦ᠍ ᠭᠦᠢᠴᠡᠳᠬᠡᠭᠰᠡᠨ ᠡᠭᠦᠷᠭᠡ ᠶ᠋ᠢ ᠦᠭᠡᠢᠰᠬᠡᠨ ᠬᠠᠷᠠᠯᠠᠭᠤᠯᠬᠤ ᠬᠣᠶᠠᠷ ᠲᠤᠢᠯᠰᠢᠷᠠᠯ ᠤ᠋ᠨ ᠠᠯᠢ ᠠᠯᠢᠨ ᠢ᠋ ᠣᠭᠣᠷᠴᠤ ᠭᠠᠭᠴᠠ ᠬᠦ᠌ ᠲᠡᠮᠦᠵᠢᠨ ᠬᠡᠮᠡᠬᠦ ᠬᠤᠪᠢ ᠬᠥᠮᠦᠨ ᠲᠤᠬᠠᠢ ᠶ᠋ᠢᠨ ᠴᠠᠭ ᠦᠶ᠎ᠡ ᠶ᠋ᠢ ᠬᠡᠷᠬᠢᠨ ᠮᠡᠳᠡᠷᠡᠵᠦ ᠦᠨᠡᠯᠡᠵᠦ᠂ ᠲᠡᠦᠬᠡ ᠶ᠋ᠢᠨ ᠰᠢᠨ᠎ᠡ ᠨᠥᠬᠥᠴᠡᠯ ᠢ᠋ ᠬᠡᠷᠬᠢᠨ ᠬᠥᠲᠥᠯᠦᠨ ᠤᠳᠤᠷᠢᠳᠴᠤ᠂ ᠵᠢᠷᠭᠠᠯ ᠵᠣᠪᠠᠯᠠᠩ ᠬᠣᠣᠰᠯᠠᠭᠰᠠᠨ ᠬᠥᠮᠦᠨ ᠦ᠌ ᠠᠮᠢᠳᠤᠷᠠᠯ ᠢ᠋ ᠳᠠᠭᠠᠵᠤ᠂ ᠰᠥᠷᠴᠦ ᠲᠤᠭᠤᠯᠬᠤ ᠳᠠᠭᠠᠨ ᠢᠯᠠᠨ ᠳᠡᠢᠯᠬᠦ ᠶ᠋ᠢᠨ ᠦᠯᠢᠭᠡᠷ ᠢ᠋ ᠬᠡᠷᠬᠢᠨ ᠦᠵᠡᠭᠦᠯᠦᠭᠰᠡᠨ ᠢ᠋ ᠡᠨᠡ ᠬᠦ᠌ ᠷᠣᠮᠠᠨ ᠤᠷᠠᠨ ᠳᠦᠷᠢ ᠪᠡᠷ᠂ᠢᠷᠠᠭᠤ ᠦᠭᠡ ᠶ᠋ᠢᠨ ᠭᠠᠢᠬᠠᠮᠰᠢᠭ ᠢ᠋ᠶ᠋ᠠᠷ ᠢᠲᠡᠭᠡᠯ ᠦᠨᠡᠮᠰᠢᠯᠲᠡᠢ ᠪᠡᠷ ᠦᠵᠡᠭᠦᠯᠵᠦ ᠪᠦᠷ ᠵᠢᠷ ᠦ᠋ᠨ ᠤᠩᠰᠢᠭᠴᠢᠳ ᠲᠤ᠌ ᠲᠡᠦᠬᠡ ᠶ᠋ᠢᠨ ᠲᠤᠢᠯ ᠤ᠋ᠨ ᠦᠨᠡᠨ ᠮᠡᠲᠦ ᠰᠡᠳᠬᠢᠭᠳᠡᠯ ᠲᠥᠷᠥᠭᠦᠯᠬᠦ ᠪᠣᠯᠪᠠ᠃ ᠡᠨᠡ ᠪᠣᠯ ᠤᠷᠠᠨ ᠵᠣᠬᠢᠶᠠᠯ ᠤ᠋ᠨ ᠢᠳᠢ ᠰᠢᠳᠢ ᠮᠥᠨ᠃《ᠴᠢᠩᠭᠢᠰ ᠬᠠᠭᠠᠨ ᠤ᠋ ᠨᠢᠭᠤᠴᠠ ᠲᠡᠦᠬᠡ 》ᠷᠣᠮᠠᠨ ᠮᠣᠩᠭᠣᠯ ᠤ᠋ᠨ ᠤᠷᠠᠨ ᠵᠣᠬᠢᠶᠠᠯ ᠳ᠋ᠤ᠌ ᠰᠢᠨᠡᠴᠢᠯᠡᠯ᠂ ᠥᠭᠡᠷᠡᠴᠢᠯᠡᠯᠲᠡ ᠶ᠋ᠢᠨ ᠶᠡᠬᠡ ᠬᠠᠷᠠᠩᠭ᠎ᠠ ᠳᠡᠯᠡᠳᠴᠦ᠂ ᠤᠷᠠᠨ ᠪᠦᠲᠦᠭᠡᠯᠴᠢᠳ ᠦ᠋ᠨ ᠵᠡᠭᠦᠳᠦ ᠨᠣᠢᠷ ᠢ᠋ ᠰᠡᠷᠡᠭᠡᠵᠦ᠂ ᠤᠩᠰᠢᠭᠴᠢ ᠣᠯᠠᠨ ᠳ᠋ᠤ᠌ ᠤᠷᠮ᠎ᠠ ᠵᠣᠷᠢᠭ ᠠᠪᠴᠢᠷᠠᠯ᠎ᠠ᠃ ᠬᠡᠨ ᠨᠢᠭᠡ ᠨᠢ ᠡᠨᠡ ᠷᠣᠮᠠᠨ ᠢ᠋ ᠬᠠᠭᠤᠴᠢᠨᠰᠠᠭ ᠰᠡᠳᠬᠢᠯᠭᠡ ᠪᠡᠷ ᠬᠠᠷᠠᠵᠤ ᠬᠠᠷᠢᠶᠠᠨ ᠵᠥᠭᠡᠵᠦ᠂ ᠨᠥᠭᠦᠭᠡ ᠨᠢᠭᠡ ᠨᠢ ᠭᠠᠢᠬᠠᠨ ᠡᠷᠡᠭᠡᠯᠵᠡᠵᠦ᠂ ᠰᠢᠨ᠎ᠡ ᠮᠣᠩᠭᠣᠯᠴᠤᠳ ᠠᠮᠲᠠᠷᠬᠠᠨ ᠤᠩᠰᠢᠵᠤ᠂ ᠲᠡᠦᠬᠡᠴᠢᠳ ᠮᠠᠷᠭᠤᠯᠳᠤᠵᠤ ᠪᠠᠢᠨ᠎ᠠ᠃ ᠪᠥᠷᠲᠡ ᠬᠠᠲᠤᠨ ᠤ᠋ ᠬᠠᠲᠠᠭᠤ ᠰᠡᠳᠬᠢᠯ᠂ ᠵᠠᠮᠤᠬ᠎ᠠ ᠶ᠋ᠢᠨ ᠲᠠᠩᠭᠠᠷᠢᠭ ᠤ᠋ᠨ ᠠᠨᠳᠠᠯᠠᠯ᠂ ᠳᠠᠪ ᠲᠡᠭᠷᠢ ᠶ᠋ᠢᠨ ᠠᠮᠢᠨ ᠨᠢᠭᠤᠴᠠ᠂ ᠥᠭᠡᠯᠦᠨ ᠡᠬᠡ᠂ ᠮᠡᠩᠯᠢᠭ ᠬᠣᠶᠠᠷ ᠤ᠋ᠨ ᠬᠣᠯᠪᠣᠭ᠎ᠠ᠂ ᠬᠠᠰᠠᠷ ᠤ᠋ᠨ ᠭᠡᠨᠡᠳᠲᠡ ᠶ᠋ᠢᠨ ᠦᠬᠦᠯ᠂ ᠬᠤᠯᠠᠨ ᠬᠠᠲᠤᠨ ᠤ᠋ ᠡᠴᠦᠰ ᠦ᠋ᠨ ᠬᠦᠰᠡᠯ ᠂ ᠵᠥᠴᠢ ᠶ᠋ᠢᠨ ᠮᠡᠷᠭᠢᠳ ᠴᠢᠰᠤᠨ ᠤ᠋ ᠦᠰᠢᠷᠬᠡᠯ᠂ ᠪᠤᠭᠤᠷᠴᠢ ᠶ᠋ᠢᠨ ᠦᠨᠡᠨᠴᠢ ᠰᠡᠳᠬᠢᠯ ᠦ᠋ᠨ ᠨᠢᠭᠦᠯ᠂ ᠲᠡᠮᠦᠵᠢᠨ ᠦ᠌ ᠬᠣᠯᠠ ᠶ᠋ᠢᠨ ᠳᠠᠯᠳᠠ ᠰᠠᠨᠠᠭ᠎ᠠ ᠵᠡᠷᠭᠡ ᠶ᠋ᠢ ᠭᠠᠭᠴᠠ ᠬᠦ᠌ ᠡᠨᠡ ᠷᠣᠮᠠᠨ ᠳᠡᠯᠭᠡᠨ ᠦᠵᠡᠭᠦᠯᠵᠦ ᠴᠢᠳᠠᠭᠰᠠᠨ ᠶᠤᠮ᠃ ᠡᠭᠦᠨ ᠢ᠋ᠶ᠋ᠡᠷ ᠢ᠋ᠶ᠋ᠡᠨ 《ᠮᠣᠩᠭᠣᠯ ᠤ᠋ᠨ ᠨᠢᠭᠤᠴᠠ ᠲᠣᠪᠴᠢᠶᠠᠨ》 ᠬᠡᠮᠡᠬᠦ ᠠᠯᠳᠠᠷᠲᠤ ᠪᠦᠲᠦᠭᠡᠯ ᠲᠡᠢ ᠡᠷᠬᠡ ᠦᠭᠡᠢ ᠬᠠᠷᠢᠴᠠᠭᠤᠯᠤᠨ ᠦᠵᠡᠮᠡᠷ ᠲᠤᠯᠬᠤ ᠲᠠᠢ ᠪᠦᠲᠦᠭᠡᠯ ᠪᠣᠯᠵᠤ ᠴᠢᠳᠠᠵᠠᠢ᠃ 《ᠴᠢᠩᠭᠢᠰ ᠬᠠᠭᠠᠨ ᠤ᠋ ᠨᠢᠭᠤᠴᠠ ᠲᠡᠦᠬᠡ》 ᠷᠣᠮᠠᠨ ᠴᠢᠩᠭᠢᠰ ᠬᠠᠭᠠᠨ ᠤ᠋ ᠰᠡᠳᠦᠪᠲᠦ ᠤᠷᠠᠨ ᠪᠦᠲᠦᠭᠡᠯ ᠦ᠋ᠨ ᠣᠷᠭᠢᠯ ᠨᠢ ᠪᠣᠯᠤᠭᠠᠳ ᠵᠣᠭᠰᠣᠬᠤ ᠦᠭᠡᠢ ᠮᠣᠩᠭᠣᠯ ᠤ᠋ᠨ ᠲᠡᠳᠦᠢ ᠦᠭᠡᠢ ᠳᠡᠯᠡᠬᠡᠢ ᠶ᠋ᠢᠨ ᠤᠳᠬ᠎ᠠ ᠵᠣᠬᠢᠶᠠᠯ ᠳ᠋ᠤ᠌ ᠰᠡᠳᠬᠢᠯ ᠵᠦᠢ—ᠲᠡᠦᠬᠡ ᠶ᠋ᠢᠨ ᠪᠦᠲᠦᠭᠡᠯ ᠦ᠋ᠨ ᠰᠠᠷᠠᠯ ᠮᠡᠳᠡᠷᠡᠬᠦᠢ᠂ ᠣᠨᠣᠯ ᠰᠤᠷᠲᠠᠬᠤᠨ᠂ ᠦᠵᠡᠯ ᠪᠠᠷᠢᠮᠲᠠᠯᠠᠯ᠂ ᠭᠦᠨ ᠤᠬᠠᠭᠠᠨ ᠤ᠋ ᠰᠢᠨ᠎ᠡ ᠦᠵᠡᠭᠳᠡᠯ ᠪᠣᠯᠵᠤ ᠪᠣᠢ ᠶ᠋ᠢ ᠮᠠᠨ ᠤ᠋ ᠡᠷᠳᠡᠮᠲᠡᠳ᠂ᠤᠳᠬ᠎ᠠ ᠵᠣᠬᠢᠶᠠᠯ ᠰᠤᠳᠤᠯᠭᠠᠴᠢᠳ ᠦᠨᠡᠯᠡᠨ ᠳ᠋ᠦᠩᠨᠡᠬᠦ᠂ ᠦᠭᠡ ᠪᠡᠨ ᠬᠡᠯᠡᠬᠦ ᠴᠠᠭ ᠪᠣᠯᠵᠠᠢ᠃
ᠰᠢᠨᠡᠴᠢᠯᠡᠯ ᠬᠢᠭᠰᠡᠨ ᠪᠦᠲᠦᠭᠡᠯ ᠪᠦᠬᠦᠨ ᠶᠡᠬᠡ ᠬᠡᠯᠡᠯᠴᠡᠭᠦᠯᠭᠡ᠂ ᠶᠡᠬᠡ ᠮᠠᠷᠭᠤᠭᠠᠨ ᠢ᠋ ᠡᠬᠢᠯᠡᠭᠦᠯᠳᠡᠭ ᠨᠢ ᠵᠢᠮ᠎ᠡ ᠪᠥᠭᠡᠳ ᠲᠡᠭᠦᠨ ᠦ᠌ ᠰᠣᠩᠭᠣᠳᠠᠭ ᠨᠢᠭᠡᠨ ᠬᠤᠪᠢᠯᠪᠤᠷᠢ—《ᠴᠢᠩᠭᠢᠰ ᠬᠠᠭᠠᠨ ᠤ᠋ ᠨᠢᠭᠤᠴᠠ ᠲᠡᠦᠬᠡ》 ᠷᠣᠮᠠᠨ ᠢ᠋ ᠵᠣᠬᠢᠶᠠᠭᠴᠢᠳ ᠨᠢ ᠨᠡᠮᠡᠵᠦ ᠵᠠᠰᠠᠪᠤᠷᠢᠯᠠᠨ ᠬᠣᠶᠠᠷ ᠵᠢᠯ ᠦ᠋ᠨ ᠬᠤᠭᠤᠴᠠᠭᠠᠨ ᠳ᠋ᠤ᠌ ᠳᠥᠷᠪᠡᠳᠡᠬᠢ ᠤᠳᠠᠭ᠎ᠠ ᠪᠠᠨ ᠬᠡᠪᠯᠡᠭᠦᠯᠦᠨ ᠤᠩᠰᠢᠭᠴᠢ ᠲᠠᠨ ᠳ᠋ᠤ᠌ ᠡᠷᠭᠦᠨ ᠪᠠᠷᠢᠵᠤ ᠪᠠᠢᠨ᠎ᠠ᠃ ᠰᠢᠨ᠎ᠡ ᠬᠡᠪᠯᠡᠯᠲᠡ ᠳ᠋ᠦ᠍ ᠣᠷᠣᠭᠤᠯᠤᠭᠰᠠᠨ ᠵᠠᠰᠠᠪᠤᠷᠢ᠂ ᠨᠡᠮᠡᠯᠲᠡ ᠨᠢ ᠡᠨᠡ ᠷᠣᠮᠠᠨ ᠤ᠋ ᠠᠭᠤᠯᠭ᠎ᠠ ᠪᠣᠯᠤᠭᠠᠳ ᠵᠣᠬᠢᠶᠠᠮᠵᠢ ᠶ᠋ᠢ ᠤᠯᠠᠮ ᠴᠤ᠌ ᠲᠡᠭᠦᠰ ᠪᠣᠯᠭᠠᠵᠠᠢ᠃ ᠲᠠ ᠴᠢᠩᠭᠢᠰ ᠬᠠᠭᠠᠨ ᠤ᠋ ᠲᠤᠬᠠᠢ ᠲᠡᠳᠦᠢ ᠦᠭᠡᠢ ᠪᠠᠰᠠ ᠮᠣᠩᠭᠣᠯᠴᠤᠳ ᠪᠢᠳᠡᠨ ᠦ᠌ ᠲᠤᠬᠠᠢ ᠥᠭᠦᠯᠡᠭᠰᠡᠨ ᠭᠠᠢᠬᠠᠮᠰᠢᠭᠲᠤ ᠲᠡᠦᠬᠡ ᠶ᠋ᠢ ᠰᠡᠬᠦᠵᠦ ᠪᠠᠢᠨ᠎ᠠ᠃ ᠲᠠᠭᠠᠯᠠᠯ ᠳ᠋ᠤ᠌ ᠲᠠᠨᠠᠢ ᠣᠷᠣᠰᠢᠬᠤ ᠪᠣᠯᠲᠤᠭᠠᠢ᠃
ᠤᠳᠬ᠎ᠠ ᠵᠣᠬᠢᠶᠠᠯ ᠰᠣᠳᠣᠯᠠᠭᠠᠴᠢ᠂
ᠳ᠋ᠣᠺᠲ᠋ᠣᠷ ᠦ᠊· ᠬᠦᠷᠡᠯᠪᠠᠭᠠᠲᠤᠷ
ᠦᠰᠦᠭ ᠠᠮᠢᠯᠠᠭᠤᠯᠤᠭᠴᠢ᠄ ᠬᠡᠯᠡᠰᠣᠶᠣᠯ(ᠪᠤᠤ ᠸᠸᠨ ᠬᠤᠸᠠ)᠂ ᠨᠡᠭᠦᠳᠡᠯ᠂ ᠠᠯᠲᠠᠨᠴᠡᠴᠡᠭ᠂ ᠬᠡᠷᠡᠢᠳ ᠮᠦᠩᠬᠡᠨᠠᠰᠤᠨ
ᠬᠢᠨᠠᠭᠴᠢ᠄ ᠣᠳᠬᠠᠨᠰᠣ᠎ᠠ᠂ ᠨᠠᠷᠠᠨ᠂ ᠮᠣᠩᠭᠣᠯ ᠰᠦᠨᠡᠰᠦ᠂ ᠨᠡᠭᠦᠳᠡᠯ᠂ᠲ ᠬᠦᠮᠦᠵᠢᠯᠲᠦ