ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠵᠢᠷᠭᠤᠭ᠎ᠠ Үүрийн туяа III – Б ᠂ Ренчин Гуравдугаар дэвтэр "Баялдаж олсон эх орон"-6 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠵᠢᠷᠭᠤᠭ᠎ᠠ Үүрийн туяа III – Б ᠂ Ренчин Гуравдугаар дэвтэр "Баялдаж олсон эх орон"-6

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠵᠢᠷᠭᠤᠭ᠎ᠠ Үүрийн туяа III – Б ᠂ Ренчин Гуравдугаар дэвтэр "Баялдаж олсон эх орон"-6

ᠠᠩᠭᠢᠯᠠᠯ:ᠲᠤᠭᠤᠵᠢ ᠷᠣᠮᠠᠨ
2025-03-17

240

ᠵᠢᠷᠭᠤᠭ᠎ᠠ᠂ ᠤᠷᠲᠤ ᠥᠷᠭᠦᠭᠡᠲᠡᠨ ᠨᠦ᠍ᠭᠦᠳ ᠭᠠᠰᠢᠭᠤᠳᠠᠵᠤ᠂ᠣᠪᠣᠬᠠᠢ ᠭᠡᠷᠲᠡᠨ ᠨᠦ᠍ᠭᠦᠳ ᠪᠠᠶᠠᠷᠯᠠᠪᠠ

     
           ᠳᠤᠭᠠᠩ ᠺᠠᠪᠢ ᠶ᠋ᠢᠨ* ᠠᠯᠢ ᠠᠯᠢᠨ ᠳ᠋ᠤᠨᠢ( ᠳ᠋ᠤ᠌ ᠨᠢ )ᠴᠦ᠍ ᠪᠣᠭᠣᠯ ᠤ᠋ᠨ ᠶᠣᠰᠣ ᠰᠢᠩᠭᠡᠭᠡᠳ᠂ 
           ᠳᠣᠩᠭᠢᠨᠠᠵᠤ ᠬᠤᠩᠬ᠎ᠠ ᠳᠤᠤᠭᠠᠷᠬᠤ ᠨᠢ ᠪᠣᠭᠣᠯ ᠤ᠋ᠨ ᠨᠣᠮᠣᠭᠠᠳᠬᠠᠯ ᠤ᠋ᠨ ᠲᠡᠮᠳᠡᠭ᠃ 
           ᠡᠷᠬᠡ ᠵᠠᠭᠠᠯᠮᠠᠢ᠂ ᠰᠦᠮ᠎ᠡ ᠮᠢᠬᠠᠷᠠᠪ ᠤ᠋ᠨ* ᠠᠯᠢ ᠠᠯᠢᠨ ᠳ᠋ᠤᠨᠢ( ᠳ᠋ᠤ᠌ ᠨᠢ)ᠴᠦ᠍ ᠭᠡᠰᠡᠨ 
           ᠪᠤᠷᠤᠩᠬᠤᠢ ᠬᠠᠷᠭᠢᠰ ᠤ᠋ᠨ ᠬᠠᠷ᠎ᠠ ᠲᠡᠮᠳᠡᠭ ᠠᠪ ᠠᠳᠠᠯᠢ ᠨᠢᠭᠡᠨ ᠪᠣᠢ᠃   
                          ᠤᠮᠠᠷ ᠬᠠᠶᠠᠮ  

       ᠲᠤᠤᠯᠠ ᠳ᠋ᠠᠬᠢ ᠨᠣᠭᠣᠭᠠᠨ ᠣᠷᠳᠣᠨ ᠤ᠋ ᠲᠥᠪᠡᠳ ᠬᠦᠵᠢᠰ ᠬᠠᠩᠬᠤᠯᠤᠭᠰᠠᠨ ᠣᠯᠠᠨ ᠲᠠᠩᠬᠢᠮ ᠳ᠋ᠤ᠌ ᠪᠢᠯᠢᠭ ᠦ᠋ᠨ ᠠᠷᠪᠠᠨ ᠰᠠᠷ᠎ᠠ ᠶ᠋ᠢᠨ ᠬᠣᠶᠠᠷ᠂ ᠠᠷᠭ᠎ᠠ ᠶ᠋ᠢᠨ ᠤᠯᠠᠷᠢᠯ ᠤ᠋ᠨ ᠠᠷᠪᠠᠨ ᠨᠢᠭᠡᠨ ᠰᠠᠷ᠎ᠠ ᠶ᠋ᠢᠨ ᠨᠢᠭᠡᠨ ᠦ᠌ ᠲᠡᠷᠡ ᠨᠢᠭᠡᠨ ᠦᠳᠡᠰᠢ ᠶᠡᠷᠦ ᠪᠤᠰᠤ ᠶ᠋ᠢᠨ ᠴᠢᠮᠡᠭᠡ ᠦᠭᠡᠢ ᠨᠠᠮ ᠭᠦᠮ ᠪᠣᠯᠵᠠᠢ᠃ ᠭᠦᠩᠭᠠᠷᠠᠪᠠ ᠲᠠᠢ ᠪᠤᠷᠬᠠᠨ ᠤ᠋ ᠡᠮᠦᠨ᠎ᠡ ᠵᠤᠯᠠ ᠪᠠᠳᠠᠷᠠᠵᠤ᠂ ᠡᠷᠢᠶᠡᠨ ᠵᠢᠷᠤᠭ ᠬᠤᠸᠠᠷᠲᠠᠢ ᠬᠢᠲᠠᠳ ᠪᠦᠷᠬᠦᠭᠦᠯᠲᠦ ᠯᠡ ᠶ᠋ᠢᠨ ᠭᠡᠷᠡᠯ ᠪᠦᠳᠡᠭᠢ ᠪᠠᠳᠠᠭ᠃ ᠪᠣᠭᠳᠠ ᠬᠠᠭᠠᠨ ᠡᠬᠡ ᠳᠠᠭᠢᠨᠢ ᠬᠣᠶᠠᠷ ᠤ᠋ᠨ ᠮᠠᠭᠤᠬᠠᠢ ᠵᠠᠩ ᠬᠥᠳᠡᠯᠵᠦ᠂ ᠮᠠᠭᠤ ᠣᠶᠣᠭ ᠣᠷᠣᠭᠰᠠᠨ ᠲᠤᠯᠠ ᠰᠢᠳᠠᠷ ᠯᠠᠮᠠ᠂ ᠰᠣᠶᠣᠭ ᠬᠠᠭᠠᠯᠭᠠᠴᠢ ᠨᠠᠷ᠂ ᠦᠭᠡ ᠳᠠᠭᠤ ᠪᠠᠨ ᠬᠤᠷᠢᠶᠠᠵᠤ᠂ ᠲᠠᠩᠬᠢᠮ ᠢ᠋ᠶ᠋ᠠᠷ ᠰᠡᠭᠦᠳᠡᠷ ᠮᠡᠲᠦ ᠴᠢᠮᠡᠭᠡ ᠦᠭᠡᠢ᠂ ᠮᠠᠰᠢ ᠪᠣᠯᠭᠣᠮᠵᠢᠯᠠᠨ ᠶᠠᠪᠤᠬᠤ ᠠᠵᠢ᠃ 
       ᠨᠢᠳᠦ ᠪᠠᠯᠠᠢ ᠬᠠᠭᠠᠨ᠂ ᠨᠣᠢᠷᠰᠤᠬᠤ ᠯᠠᠪᠷᠠᠩ ᠳ᠋ᠠᠭᠠᠨ (ᠳ᠋ᠤ᠌ ᠪᠠᠨ) ᠣᠯᠠᠨ ᠳᠠᠪᠬᠤᠷ ᠣᠯᠪᠣᠭ ᠳᠡᠭᠡᠷ᠎ᠡ ᠰᠠᠭᠤᠭᠠᠳ ᠭᠦᠨ ᠪᠣᠳᠣᠯᠭ᠎ᠠ ᠪᠣᠯᠵᠠᠢ᠃ ᠥᠩᠭᠡ ᠳᠡᠷᠡᠰᠦᠨ ᠳ᠋ᠦ᠍ ᠰᠢᠨᠤᠭᠰᠠᠭᠠᠷ ᠡᠷᠲᠡ ᠥᠲᠡᠯᠵᠦ ᠤᠯᠴᠠᠢᠭᠰᠠᠨ ᠴᠢᠷᠠᠢ ᠳ᠋ᠤᠨᠢ ᠡᠴᠡᠵᠦ ᠠᠯᠵᠢᠶᠠᠭᠰᠠᠨ᠂ ᠬᠣᠷᠣᠰᠤᠨ ᠪᠤᠬᠢᠨᠢᠳᠤᠭᠰᠠᠨ ᠰᠢᠨᠵᠢ ᠲᠣᠳᠣᠷᠠᠵᠤ᠂ ᠬᠥᠮᠥᠰᠬᠡ ᠪᠡᠨ ᠠᠲᠤᠷᠢᠭᠤᠯᠤᠨ᠂ ᠠᠮᠠᠨ ᠳᠣᠲᠣᠷ᠎ᠠ ᠶᠠᠭᠤᠮ᠎ᠠ ᠰᠢᠪᠡᠨᠡᠬᠦ ᠠᠳᠠᠯᠢ᠂ ᠤᠷᠤᠭᠤᠯ ᠢ᠋ᠶ᠋ᠠᠨ ᠬᠥᠳᠡᠯᠭᠡᠬᠦ ᠠᠵᠢ᠃ ᠴᠣᠩᠬᠣᠨ ᠤ᠋ ᠲᠤᠰᠢᠶ᠎ᠠ ᠨᠠᠮᠬᠠᠨ ᠥᠷᠭᠡᠨ ᠸᠠᠨᠳᠠᠪ ᠤ᠋ᠨ ᠬᠡᠪᠢᠰ ᠣᠯᠪᠣᠭ ᠳᠡᠭᠡᠷ᠎ᠡ ᠡᠬᠡ ᠳᠠᠭᠢᠨᠢ᠂ ᠨᠢᠳᠦ ᠪᠠᠯᠠᠢ ᠡᠷ᠎ᠡ ᠶ᠋ᠢᠨ ᠢ᠋ᠶ᠋ᠡᠨ ᠬᠣᠷᠣᠰᠤᠯ ᠵᠠᠩᠭᠢᠷᠠᠭᠰᠠᠨ ᠮᠣᠬᠣᠳᠠᠭ ᠴᠢᠷᠠᠢ ᠶ᠋ᠢ ᠤᠰᠤ ᠮᠡᠯᠲᠡᠭᠡᠨᠡᠭᠰᠡᠨ ᠨᠢᠳᠦ  ᠪᠡᠨ ᠠᠨᠢᠰᠬᠢᠨ ᠬᠠᠷᠠᠵᠤ ᠰᠠᠭᠤᠭᠰᠠᠨ ᠢ᠋ᠶ᠋ᠠᠨ ᠭᠡᠨᠡᠳᠲᠡ ᠬᠠᠨᠴᠤᠢ ᠪᠠᠷ ᠨᠢᠳᠦᠨ ᠦ᠌ ᠤᠰᠤ ᠠᠷᠴᠢᠵᠤ ᠤᠨᠲᠤᠭᠤᠴᠠᠨ ᠥᠭᠦᠯᠡᠷᠦᠨ᠄  
       — ᠲᠠ ᠶᠠᠭᠤᠲᠠᠢ ᠵᠢᠷᠦᠬᠡ ᠦᠭᠡᠢ ᠦᠬᠦᠭᠡᠨᠴᠡ ᠠᠮᠢᠲᠠᠨ ᠪᠢᠯᠡ⁈ ᠠᠷᠠᠳ ᠤ᠋ᠨ ᠨᠠᠮ ᠤ᠋ᠨ ᠬᠢᠨ ᠲᠡᠢ ᠥᠨᠥᠳᠥᠷ ᠲᠡᠷᠡ ᠲᠠᠩᠭᠠᠷᠢᠭ ᠤ᠋ᠨ ᠭᠡᠷ᠎ᠡ ᠪᠠᠢᠭᠤᠯᠵᠤ᠂ ᠲᠠ ᠥᠪᠡᠷ ᠢ᠋ᠶ᠋ᠡᠨ ᠭᠠᠷ ᠬᠥᠯ ᠢ᠋ᠶ᠋ᠡᠨ ᠬᠦᠯᠢᠵᠦ ᠥᠭᠭᠦᠯ᠎ᠡ᠃ ᠣᠳᠣ ᠲᠠᠨ ᠳ᠋ᠤ᠌ ᠬᠠᠭᠠᠨ  ᠡᠵᠡᠨ ᠦ᠌ ᠡᠷᠬᠡ ᠦᠨᠦᠷ ᠦ᠋ᠨ ᠲᠡᠳᠦᠢ ᠴᠦ᠍ ᠪᠠᠢᠬᠤ ᠦᠭᠡᠢ ᠪᠣᠯᠵᠠᠢ᠃ ᠲᠡᠷᠡ ᠲᠠᠩᠭᠠᠷᠢᠭ ᠤ᠋ᠨ ᠭᠡᠷ᠎ᠡ ᠶᠣᠰᠣᠭᠠᠷ ᠲᠠ᠂ ᠤᠯᠤᠰ ᠲᠥᠷᠥ ᠶ᠋ᠢᠨ ᠬᠡᠷᠡᠭ ᠲᠦ᠍ ᠣᠷᠣᠯᠴᠠᠬᠤ ᠡᠷᠬᠡ ᠦᠭᠡᠢ ᠪᠣᠯᠵᠠᠢ᠃ ᠵᠠᠰᠠᠭ ᠤ᠋ᠨ ᠭᠠᠵᠠᠷ ᠤ᠋ᠨ  ᠰᠢᠢᠳᠬᠡᠨ ᠲᠣᠭᠲᠠᠭᠠᠭᠰᠠᠨ ᠠᠯᠢᠪᠠ ᠬᠡᠷᠡᠭ᠂ ᠬᠠᠤᠯᠢ ᠳᠦᠷᠢᠮ ᠢ᠋ ᠬᠦᠴᠦᠨ ᠦᠭᠡᠢ ᠪᠣᠯᠭᠠᠵᠤ᠂ ᠡᠪᠳᠡᠬᠦ ᠡᠷᠬᠡ ᠦᠭᠡᠢ ᠪᠣᠯᠵᠠᠢ᠃ ᠣᠯᠠᠨ ᠶᠠᠮᠤᠨ ᠤ᠋ ᠰᠠᠢᠳ ᠢ᠋ ᠲᠣᠬᠣᠭᠠᠨ ᠲᠣᠮᠢᠯᠠᠬᠤ ᠡᠷᠬᠡ ᠦᠭᠡᠢ ᠪᠣᠯᠵᠠᠢ᠃ ᠰᠠᠢᠳ ᠪᠠᠢᠲᠤᠭᠠᠢ᠂ ᠠᠯᠢ ᠴᠤ᠌ ᠶᠠᠮᠤᠨ ᠤ᠋ ᠥᠴᠦᠬᠡᠨ ᠭᠠᠯᠴᠢ ᠶ᠋ᠢ ᠬᠦᠷᠲᠡᠯ᠎ᠡ ᠲᠠ ᠣᠳᠣ ᠬᠠᠯᠠᠬᠤ ᠡᠷᠬᠡ ᠴᠢᠳᠠᠯ ᠦᠭᠡᠢ ᠪᠣᠯᠵᠠᠢ᠃ ᠡᠢᠮᠦ ᠪᠣᠯᠵᠤ ᠣᠷᠬᠢᠭᠠᠳ ᠲᠠ ᠪᠡᠶ᠎ᠡ ᠪᠡᠨ ᠪᠠᠰᠠ ᠮᠣᠩᠭᠣᠯ ᠤᠯᠤᠰ ᠤ᠋ᠨ ᠪᠣᠭᠳᠠ ᠬᠠᠭᠠᠨ ᠭᠡᠵᠦ ᠵᠡᠭᠦᠳᠦᠯᠡᠭᠰᠡᠭᠡᠷ ᠪᠠᠢᠨᠠᠤ(ᠪᠠᠢᠨ᠎ᠠ ᠤᠤ)? ᠲᠠ ᠨᠢᠳᠦ ᠰᠣᠬᠣᠷ ᠢ᠋ᠶ᠋ᠠᠷ ᠪᠠᠷᠠᠬᠤ ᠦᠭᠡᠢ᠂ ᠪᠠᠰᠠ ᠴᠡᠭᠡᠵᠢ ᠰᠣᠬᠣᠷ᠂ ᠪᠦᠷ ᠳᠦᠭᠦᠷᠴᠢᠭᠰᠡᠨ ᠠᠮᠢᠲᠠᠨ ᠶᠤᠮ ᠠ᠋ ᠭᠡᠬᠦ ᠳ᠋ᠦ᠍ᠨᠢ᠂ ᠪᠣᠭᠳᠠ ᠰᠤᠯᠠᠬᠠᠨ ᠢ᠋ᠶ᠋ᠠᠷ ᠦᠭᠡᠢ᠂ ᠪᠢ ᠶᠠᠭᠠᠬᠢᠬᠤ ᠶᠤᠮ ᠪᠢᠯᠡ᠂ ᠲᠡᠭᠡᠭᠡᠳ? ᠭᠡᠬᠦ ᠳ᠋ᠦ᠍ᠨᠢ ᠡᠬᠡ ᠳᠠᠭᠢᠨᠢ ᠮᠠᠰᠢ ᠲᠣᠭᠣᠮᠰᠠᠷ ᠦᠭᠡᠢ ᠪᠠᠢᠳᠠᠯ ᠲᠠᠢ ᠪᠠᠷ ᠬᠠᠮᠠᠷ ᠢ᠋ᠶ᠋ᠠᠨ ᠰᠠᠷᠨᠠᠰᠬᠢᠭᠡᠳ᠂ ᠰᠦᠷ ᠵᠢᠪᠬᠤᠯᠠᠩ ᠮᠠᠭᠤᠲᠠᠢ᠂ ᠨᠦᠰᠡᠷ ᠬᠠᠭᠠᠨ ᠢ᠋ ᠬᠢᠯᠢᠩᠲᠦ ᠨᠢᠳᠦ ᠪᠡᠷ ᠰᠢᠷᠪᠢᠨ ᠬᠠᠷᠠᠭᠠᠳ᠂ ᠲᠠᠴᠢᠶᠠᠳᠠᠨ ᠥᠭᠦᠯᠡᠷᠦᠨ᠂ 
       — ᠲᠡᠢᠮᠦ ᠬᠡᠷᠡᠭ ᠬᠦᠯᠢᠶᠡᠬᠦ ᠦᠭᠡᠢ ᠭᠡᠬᠦ ᠦᠭᠡᠢ ᠤᠤ? ᠠᠷᠠᠳ ᠨᠡᠢᠭᠡᠮ ᠢ᠋ᠶ᠋ᠡᠷ  ᠲᠠᠨ ᠢ᠋ ᠠᠮᠢᠳᠤ ᠪᠤᠷᠬᠠᠨ ᠭᠡᠵᠦ ᠰᠢᠲᠦᠳᠡᠭ ᠢ᠋ ᠲᠠ ᠮᠡᠳᠡᠬᠦ ᠪᠡᠨ ᠪᠠᠢᠪᠠᠤ? ᠰᠢᠷ᠎ᠠ ᠴᠠᠢᠪᠤᠷ᠂ ᠯᠠᠮᠠ ᠨᠣᠶᠠᠳ ᠴᠥᠮ ᠲᠠᠨ ᠢ᠋ ᠠᠯᠠᠭ᠎ᠠ ᠬᠠᠪᠰᠤᠷᠤᠨ ᠳᠠᠭᠠᠵᠤ᠂ ᠬᠠᠷᠠᠴᠤ ᠳᠠᠶᠠᠭᠠᠷ᠂ ᠲᠠᠨ ᠢ᠋ ᠤᠯᠤᠰ ᠢ᠋ᠶ᠋ᠠᠨ ᠬᠠᠷᠢ ᠶ᠋ᠢᠨ ᠲᠠᠯᠬᠢᠳᠠᠯ ᠠ᠋ᠴᠠ ᠠᠩᠭᠢᠵᠢᠷᠠᠭᠤᠯᠵᠤ᠂ ᠱᠠᠰᠢᠨ ᠲᠥᠷᠥ ᠪᠡᠨ ᠬᠣᠣᠰᠯᠠᠨ ᠪᠠᠷᠢᠵᠤ᠂ ᠵᠠᠭᠤᠨ ᠬᠣᠷᠢᠨ ᠤ᠋ ᠰᠡᠭᠦᠳᠡᠷ ᠵᠣᠭᠣᠭᠯᠠᠬᠤ ᠣᠷᠣᠢ ᠶ᠋ᠢᠨ ᠴᠢᠮᠡᠭ᠂ ᠣᠯᠠᠨ ᠤ᠋ ᠪᠠᠭᠰᠢ ᠪᠣᠭᠳᠠ ᠡᠵᠡᠨ ᠬᠠᠭᠠᠨ ᠭᠡᠵᠦ ᠦᠵᠡᠵᠦ ᠪᠠᠢᠭ᠎ᠠ ᠶ᠋ᠢ ᠲᠠ ᠮᠡᠳᠡᠬᠦ ᠪᠡᠨ ᠪᠠᠢᠪᠠᠤ? ᠭᠡᠬᠦ ᠳ᠋ᠦ᠍ᠨᠢ᠂ 
       — ᠦᠭᠡᠢ᠂ ᠠᠷᠠᠳ ᠤ᠋ᠨ ᠬᠢᠨ ᠨᠠᠮᠠᠶ᠋ᠢ᠁ ᠭᠡᠲᠡᠯ᠎ᠡ᠂ 
       — ᠲᠡᠳᠡ᠂ ᠲᠠᠨ ᠢ᠋ ᠶᠠᠭᠠᠬᠢᠳᠠᠭ ᠶᠤᠮ ᠪᠣᠢ? ᠬᠠᠯᠬ᠎ᠠ ᠳᠠᠶᠠᠭᠠᠷ ᠲᠠᠨ ᠢ᠋ ᠠᠮᠢᠳᠤ ᠪᠤᠷᠬᠠᠨ ᠭᠡᠵᠦ ᠪᠢᠰᠢᠷᠡᠨ ᠰᠢᠲᠦᠵᠦ ᠪᠠᠢᠭ᠎ᠠ ᠴᠠᠭ ᠲᠤ᠌ ᠶᠠᠭᠠᠬᠢᠵᠤ ᠴᠤ᠌ ᠴᠢᠳᠠᠬᠤ ᠦᠭᠡᠢ ᠬᠡᠮᠡᠪᠡᠰᠦ᠂ 
       — ᠨᠠᠮᠠᠶ᠋ᠢ ᠭᠠᠮᠢᠩ ᠤ᠋ᠨ ᠪᠠᠷᠢᠵᠤ ᠬᠠᠷ᠎ᠠ ᠭᠡᠷ ᠲᠦ᠍ ᠬᠢᠭᠰᠡᠨ ᠰᠢᠭ᠁ ᠭᠡᠵᠦ ᠪᠣᠭᠳᠠ ᠶ᠋ᠢᠨ ᠬᠡᠯᠡᠲᠡᠯ᠎ᠡ᠂ ᠡᠬᠡ ᠳᠠᠭᠢᠨᠢ ᠡᠯᠭᠦᠵᠦ ᠠᠪᠤᠭᠠᠳ᠂ 
       —  ᠲᠡᠭᠡᠳᠡᠭ ᠶᠦᠮ ᠪᠣᠯᠪᠠᠯ᠂ ᠲᠡᠳᠡᠨ ᠳ᠋ᠦ᠍ ᠮᠠᠭᠤ ᠪᠣᠯᠬᠤ ᠠ᠋ᠴᠠ ᠪᠢᠰᠢ᠂  ᠲᠠᠨ ᠳ᠋ᠤ᠌ ᠭᠡᠮ ᠪᠣᠯᠬᠤ ᠦᠭᠡᠢ᠂ ᠭᠠᠮᠢᠩ  ᠢ᠋ ᠠᠷᠠᠳ ᠨᠡᠢᠭᠡᠮ ᠢ᠋ᠶ᠋ᠡᠷ ᠲᠡᠭᠦᠨ ᠦ᠌ ᠤᠯᠠᠮ ᠠ᠋ᠴᠠ ᠪᠦᠷ ᠴᠦ᠍ ᠵᠢᠭᠰᠢᠳᠡᠭ ᠪᠣᠯᠤᠭᠰᠠᠨ ᠶᠤᠮ  ᠪᠢᠰᠢᠦ? ᠭᠡᠵᠡᠢ᠃ 
       ᠬᠠᠭᠠᠨ ᠰᠡᠭᠦᠷᠡᠰᠦ ᠠᠯᠳᠠᠪᠠ᠃ ᠴᠢᠮᠡᠭᠡ ᠢᠮᠡᠭᠡ ᠦᠭᠡᠢ ᠨᠠᠮ ᠭᠦᠮ ᠳ᠋ᠦ᠍ ᠭᠡᠨᠡᠳᠲᠡ ᠵᠢᠵᠢᠭ ᠣᠯᠠᠨ ᠬᠦᠷᠡᠯ ᠬᠣᠩᠬᠣᠨ ᠤ᠋ ᠬᠠᠩᠭᠢᠨᠠᠬᠤ ᠠᠨᠢᠷ ᠰᠣᠨᠣᠰᠳᠠᠵᠤ᠂ ᠨᠣᠢᠷᠰᠤᠬᠤ ᠯᠠᠪᠷᠠᠩ ᠳ᠋ᠤ᠌ ᠪᠣᠭᠳᠠ ᠶ᠋ᠢᠨ ᠠᠯᠢᠶ᠎ᠠ ᠰᠠᠯᠪᠠᠳᠠᠢ ᠶ᠋ᠢ ᠳᠡᠪᠡᠯ ᠳ᠋ᠡᠭᠡᠨ ᠬᠠᠲᠠᠭᠰᠠᠨ ᠣᠯᠠᠨ ᠬᠤᠩᠬ᠎ᠠ ᠵᠢᠩᠭᠢᠨᠡᠭᠦᠯᠦᠨ ᠭᠦᠶᠦᠵᠦ ᠣᠷᠣᠵᠤ ᠢᠷᠡᠮᠡᠭᠴᠡ᠂  
       — ᠭᠠᠷ! ᠭᠡᠵᠦ ᠡᠬᠡ ᠳᠠᠭᠢᠨᠢ ᠶ᠋ᠢᠨ ᠵᠠᠩᠳᠤᠷᠤᠨ᠂ ᠴᠣᠩᠬᠣᠨ ᠳᠡᠭᠡᠷ᠎ᠡ ᠪᠠᠢᠭᠰᠠᠨ ᠰᠡᠷᠢᠭᠦᠯᠭᠡ ᠲᠡᠢ ᠴᠠᠭ ᠢ᠋ ᠴᠢᠭᠢᠷᠠᠭ ᠭᠠᠷ ᠢ᠋ᠶ᠋ᠠᠷ ᠰᠢᠭᠦᠷᠦᠨ᠂ ᠠᠯᠢᠶ᠎ᠠ ᠰᠠᠯᠪᠠᠳᠠᠢ ᠶ᠋ᠢᠨ ᠵᠦᠭ ᠰᠢᠳᠡᠬᠦ ᠳ᠋ᠦ᠍᠂ ᠬᠡᠩᠬᠦᠳᠡᠭ ᠢ᠋ ᠯᠤᠭᠬᠢᠲᠠᠯ᠎ᠠ ᠴᠣᠬᠢᠨ ᠲᠤᠰᠪᠠ᠃ ᠰᠠᠯᠪᠠᠳᠠᠢ ᠶᠣᠬᠣ! ᠭᠡᠳ᠂ ᠲᠡᠷᠡ ᠴᠠᠭ ᠢ᠋ ᠭᠠᠵᠠᠷ ᠤᠨᠠᠭᠠᠯ ᠦᠭᠡᠢ ᠲᠣᠰᠴᠤ ᠠᠪᠤᠭᠠᠳ᠂ ᠰᠡᠩᠳᠡ ᠮᠡᠩᠳᠡ ᠵᠠᠢᠯᠠᠵᠤ᠂ ᠨᠣᠢᠷᠰᠤᠬᠤ ᠲᠠᠩᠬᠢᠮ ᠳ᠋ᠤ᠌ ᠳᠠᠬᠢᠨ ᠠᠨᠢᠷ ᠴᠢᠮᠡᠭᠡ ᠦᠭᠡᠢ ᠨᠠᠮ ᠭᠦᠮ ᠪᠣᠯᠤᠯ᠎ᠠ᠃ ᠬᠠᠭᠠᠨ ᠨᠠᠮ ᠳᠠᠭᠤ ᠪᠠᠷ ᠡᠮᠢᠶᠡᠰᠬᠢᠨ ᠥᠭᠦᠯᠡᠷᠦᠨ᠄ 
       — ᠪᠢ ᠣᠯᠠᠨ ᠯᠠᠮᠠ ᠨᠠᠷ ᠲᠤ᠌ ᠯᠦᠨᠳᠣᠩᠨᠠᠵᠤ᠂ ᠭᠦᠷᠢᠮ ᠨᠣᠮ ᠤᠩᠰᠢᠭᠤᠯᠵᠤ᠂ ᠰᠡᠷᠡᠭᠡ ᠳᠠᠷᠤᠭᠤᠯᠤᠨ᠎ᠠ ᠭᠡᠪᠡᠯ᠂ 
       — ᠳᠠᠷᠤᠭᠤᠯᠤᠭᠠᠳ ᠳᠠᠷᠤᠭᠤᠯᠤᠭᠠᠳ ᠲᠤᠰᠠ ᠪᠣᠯᠤᠭᠰᠠᠨ ᠨᠢ ᠠᠯᠢ ᠪᠣᠢ? ᠠᠷᠠᠳ ᠤ᠋ᠨ ᠵᠢᠷᠤᠮᠲᠤ ᠴᠡᠷᠢᠭ ᠬᠦᠷᠢᠶ᠎ᠡ ᠣᠷᠣᠵᠤ ᠢᠷᠡᠬᠦ ᠳ᠋ᠦ᠍᠂ ᠲᠠ ᠦᠵᠡᠭᠡᠳ ᠠᠯᠳᠠᠭᠰᠠᠨ ᠪᠢᠰᠢ ᠪᠢᠯᠢᠤ(ᠪᠢᠯᠡ ᠤᠤ)? ᠭᠡᠬᠦ ᠳ᠋ᠦ᠍ᠨᠢ( ᠳ᠋ᠦ᠍ ᠨᠢ)᠂ 
       — ᠮᠢᠨᠦ ᠪᠣᠳᠣᠬᠤ ᠳ᠋ᠤ᠌᠂ ᠠᠷᠠᠳ ᠤ᠋ᠨ ᠬᠢᠨ ᠬᠦᠷᠢᠶ᠎ᠡ ᠡᠵᠡᠯᠡᠭᠡᠳ᠂ ᠶᠡᠬᠡ ᠨᠣᠮᠣᠬᠠᠨ ᠲᠦᠪᠰᠢᠨ ᠪᠠᠢᠭ᠎ᠠ ᠨᠢ ᠴᠣᠢᠵᠣᠩ ᠨᠣᠮ ᠤ᠋ᠨ ᠰᠠᠬᠢᠭᠤᠯᠰᠤᠨ ᠳ᠋ᠤ᠌ ᠵᠠᠯᠪᠠᠷᠢᠵᠤ᠂ ᠠᠪᠤᠷᠠᠯ ᠭᠦᠷᠢᠮ ᠬᠢᠯᠭᠡᠭᠰᠡᠨ ᠦ᠌ ᠠᠴᠢ ᠪᠢᠵᠡ ᠠ᠋᠃ ᠲᠡᠷᠡ《ᠮᠤᠬᠤᠷ ᠲᠣᠯᠣᠭᠠᠢ ᠲᠠᠢ ᠠᠷᠠᠳ ᠤ᠋ᠨ ᠬᠢᠨ ᠦ᠌》 ᠤᠳᠤᠷᠢᠳᠤᠭᠴᠢ ᠶ᠋ᠢᠨ ᠨᠡᠷ᠎ᠡ ᠶ᠋ᠢ ᠪᠢᠴᠢᠭᠦᠯᠵᠦ᠂ ᠬᠠᠷ᠎ᠠ ᠬᠠᠳᠠᠭ ᠢ᠋ᠶ᠋ᠠᠷ ᠣᠷᠢᠶᠠᠵᠤ᠂ ᠭᠠᠳᠠᠨ᠎ᠠ ᠠ᠋ᠴᠠ ᠨᠢ ᠴᠠᠭᠠᠨ ᠬᠠᠳᠠᠭ ᠢ᠋ᠶ᠋ᠠᠷ ᠣᠷᠢᠶᠠᠨ ᠶᠣᠣ ᠶ᠋ᠢᠨ ᠴᠣᠪᠤᠮᠪᠤ ᠯᠠᠮᠠ ᠬᠠᠯᠵᠠᠨ ᠨᠠᠮᠰᠠᠷᠠᠢ ᠳ᠋ᠤ᠌ ᠥᠭᠴᠦ᠂ ᠰᠡᠷᠡᠭᠡ ᠳᠠᠷᠤᠭᠤᠯᠤᠨ᠎ᠠ᠃ ᠲᠡᠷᠡ ᠬᠡᠳᠦᠨ ᠮᠤᠬᠤᠷ ᠲᠣᠯᠣᠭᠠᠢᠲᠠᠨ ᠢ᠋ ᠲᠥᠷᠥᠯ ᠠᠷᠠᠯᠵᠢᠭᠤᠯᠵᠤ᠂ ᠰᠦᠨᠡᠰᠦ ᠶ᠋ᠢ ᠨᠢ ᠪᠤᠷᠬᠠᠨ ᠤ᠋ ᠣᠷᠣᠨ ᠳ᠋ᠤ᠌ ᠲᠥᠷᠥᠭᠦᠯᠦᠨ᠎ᠡ ᠭᠡᠪᠡᠯ᠂ 
       — ᠲᠠ ᠤᠷᠢᠳ ᠲᠡᠷᠡ ᠴᠣᠪᠤᠮᠪᠤ ᠪᠠᠷ ᠰᠢᠷᠠᠭᠴᠢᠨ ᠬᠣᠨᠢᠨ ᠵᠢᠯ ᠦ᠋ᠨ ᠡᠪᠦᠯ ᠦ᠋ᠨ ᠲᠡᠷᠢᠭᠦᠨ ᠰᠠᠷ᠎ᠠ ᠳ᠋ᠤ᠌ ᠠᠷᠪᠠᠨ ᠬᠣᠶᠠᠷ ᠨᠣᠶᠠᠨ ᠢ᠋ ᠰᠡᠷᠡᠭᠡ ᠳᠠᠷᠤᠭᠤᠯᠵᠤ ᠦᠵᠡᠭᠰᠡᠨ ᠲᠠᠨᠢ᠂ ᠣᠳᠣ ᠬᠦᠷᠲᠡᠯ᠎ᠡ ᠮᠡᠨᠳᠦ ᠪᠢᠯᠡ᠃ ᠪᠣᠳᠣᠬᠤᠯ᠎ᠠ᠂ ᠡᠨᠡ ᠮᠤᠬᠤᠷ ᠲᠣᠯᠣᠭᠠᠢᠲᠠᠨ ᠢ᠋ ᠰᠡᠷᠡᠭᠡ ᠳᠠᠷᠤᠬᠤ ᠭᠡᠵᠦ ᠪᠠᠢᠭ᠎ᠠ ᠲᠠᠨᠢ ᠮᠥᠨ ᠠᠨᠠᠢ᠂ ᠲᠡᠷᠡ ᠵᠢᠯ ᠦ᠋ᠨ ᠬᠢ ᠰᠢᠭ ᠪᠣᠯᠬᠤ ᠪᠣᠯᠪᠠ ᠤᠤ᠃ ᠲᠡᠷᠡ ᠠᠷᠠᠳ ᠤ᠋ᠨ ᠬᠢᠨ ᠦ᠌ ᠭᠣᠣᠯ ᠨᠢᠷᠤᠭᠤ ᠶ᠋ᠢ ᠨᠢ ᠬᠤᠭᠤᠯᠤᠶ᠎ᠠ ᠭᠡᠪᠡᠯ᠂ ᠶᠠᠭᠤᠨ ᠤ᠋ ᠡᠮᠦᠨ᠎ᠡ ᠰᠦᠬᠡᠪᠠᠭᠠᠲᠤᠷ ᠢ᠋ ᠴᠢᠨᠠᠭᠰᠢ ᠨᠢ ᠬᠠᠷᠠᠭᠤᠯᠬᠤ ᠬᠡᠷᠡᠭᠲᠡᠢ ᠭᠡᠬᠦ ᠳ᠋ᠦ᠍ᠨᠢ(ᠳ᠋ᠦ᠍ ᠨᠢ)᠂ 
       — ᠲᠡᠭᠡᠪᠡᠯ᠂ ᠪᠢ ᠨᠠᠢᠷ ᠲᠤ᠌ ᠤᠷᠢᠵᠤ ᠢᠷᠡᠭᠦᠯᠦᠶ᠎ᠡ᠁ ᠲᠠ᠂ ᠬᠤᠨᠳᠠᠭ᠎ᠠ ᠡᠷᠭᠦᠨ ᠳᠡᠪᠰᠢᠭᠦᠯᠵᠦ ᠦᠵᠡᠭᠡᠷᠡᠢ ᠭᠡᠬᠦ ᠳ᠋ᠦ᠍ᠨᠢ(ᠳ᠋ᠦ᠍ ᠨᠢ)᠂ 
       — ᠦᠭᠡᠢ᠂ ᠣᠳᠣ ᠴᠠᠭ ᠣᠨᠳᠣᠣ ᠪᠣᠯᠵᠤ᠂ ᠬᠥᠮᠦᠨ ᠴᠦ᠍ ᠣᠨᠳᠣᠣ ᠪᠣᠯᠤᠭᠰᠠᠨ᠃ ᠮᠠᠨᠠᠢ(ᠮᠠᠨ ᠤ᠋) ᠠᠷᠢᠭᠤᠨ ᠱᠠᠰᠢᠨ ᠤ᠋ ᠶᠣᠰᠣᠨ ᠳ᠋ᠤ᠌ ᠣᠷᠣᠨ ᠴᠠᠭ ᠤ᠋ᠨ ᠪᠠᠢᠳᠠᠯ ᠳ᠋ᠤ᠌ ᠵᠣᠬᠢᠴᠠᠭᠤᠯ ᠭᠡᠳᠡᠭ ᠢ᠋ ᠲᠠ ᠪᠢᠲᠡᠭᠡᠢ ᠮᠠᠷᠲᠠ ᠬᠡᠮᠡᠪᠡᠰᠦ᠂ 
       — ᠲᠡᠭᠡᠪᠡᠯ᠂ ᠴᠣᠬᠣᠮ ᠶᠠᠭᠠᠬᠢᠬᠤ ᠨᠢ  ᠵᠦᠢᠲᠡᠢ ᠪᠣᠢ? ᠭᠡᠵᠦ ᠪᠣᠭᠳᠠ ᠶ᠋ᠢᠨ ᠠᠰᠠᠭᠤᠬᠤ ᠳ᠋ᠤ᠌᠂ 
       — ᠮᠤᠬᠤᠷ ᠲᠣᠯᠣᠭᠠᠢᠲᠠᠨ ᠨᠤᠭᠤᠳ᠂ ᠲᠠᠨ ᠢ᠋ ᠣᠳᠣᠬᠠᠨ ᠳᠡᠭᠡᠷ᠎ᠡ ᠱᠠᠰᠢᠨ ᠤ᠋ ᠬᠡᠷᠡᠭ ᠲᠦ᠍ ᠬᠢᠵᠠᠭᠠᠷ ᠦᠭᠡᠢ ᠬᠡᠪ ᠢ᠋ᠶ᠋ᠡᠷ ᠦᠯᠡᠳᠡᠭᠡᠭᠰᠡᠨ ᠵᠠᠪᠰᠢᠶᠠᠨ᠂ ᠮᠥᠨ ᠲᠤᠰ ᠤᠯᠤᠰ ᠲᠤ᠌ ᠧᠦ᠋ᠷᠣᠫᠠ ᠶᠣᠰᠣᠨ ᠤ᠋ ᠡᠮᠴᠢ ᠪᠠᠢᠳᠠᠭ ᠦᠭᠡᠢ ᠤᠴᠢᠷ᠂ ᠮᠤᠬᠤᠷ ᠲᠣᠯᠣᠭᠠᠢᠲᠠᠨ ᠬᠦᠷᠲᠡᠯ᠎ᠡ ᠡᠮᠴᠢ ᠯᠠᠮᠠ ᠨᠠᠷ ᠢ᠋ ᠰᠢᠲᠦᠳᠡᠭ ᠢ᠋ ᠬᠡᠷᠡᠭᠯᠡᠪᠡᠯ᠂ ᠨᠢᠭᠡ ᠠᠷᠭ᠎ᠠ ᠪᠣᠢ ᠭᠡᠬᠦ ᠳ᠋ᠦ᠍ᠨᠢ(ᠳ᠋ᠦ᠍ ᠨᠢ)᠂ 
       — ᠤᠤᠬᠠᠯᠠᠢ! ᠭᠤᠷᠪᠠᠨ ᠣᠷᠣᠨ ᠤ᠋ ᠳᠠᠭᠢᠨᠢᠰ ᠤ᠋ᠨ ᠳᠡᠭᠡᠳᠦ ᠲᠠᠨ ᠤ᠋ ᠮᠡᠷᠭᠡᠨ ᠤᠬᠠᠭᠠᠨ ᠨᠠᠷᠢᠨ ᠠᠷᠭ᠎ᠠ ᠶ᠋ᠢ ᠭᠠᠢᠬᠠᠨ ᠪᠢᠰᠢᠷᠡᠪᠡ ᠭᠡᠵᠦ ᠬᠠᠭᠠᠨ ᠪᠠᠶᠠᠷᠯᠠᠨ ᠥᠭᠦᠯᠡᠪᠡ᠃ 
       ᠬᠠᠭᠠᠯᠭ᠎ᠠ ᠶ᠋ᠢᠨ ᠴᠠᠭᠠᠨ᠎ᠠ ᠠᠶᠠᠷᠬᠠᠨ ᠬᠠᠨᠢᠶᠠᠬᠤ ᠴᠢᠮᠡᠭᠡ ᠭᠠᠷᠤᠭᠰᠠᠨ ᠳ᠋ᠤ᠌ ᠨᠢᠳᠦ ᠪᠠᠯᠠᠢ ᠬᠠᠭᠠᠨ᠂ ᠶᠠᠭᠤᠮ᠎ᠠ ᠬᠠᠷᠠᠳᠠᠭ ᠦᠭᠡᠢ ᠮᠥᠷᠲᠡᠭᠡᠨ ᠲᠡᠷᠡ ᠵᠦᠭ ᠬᠠᠷᠠᠵᠤ᠂ ᠠᠷᠢᠬᠢᠨ ᠳ᠋ᠤ᠌ ᠲᠡᠪᠡᠳᠡᠨ(ᠳᠡᠪᠲᠦᠨ) ᠰᠥᠭᠡᠭᠰᠡᠨ ᠬᠣᠭᠣᠯᠠᠢ ᠪᠠᠷ᠂ 
       — ᠬᠡᠨ ᠪᠣᠢ? ᠭᠡᠵᠦ ᠠᠶᠠᠷᠬᠠᠨ ᠠᠰᠠᠭᠤᠬᠤᠯ᠎ᠠ᠂ 
       — ᠵᠠ᠂ ᠱᠠᠪᠢ ᠪᠣᠭᠣᠯ ᠪᠢ ᠪᠠᠢᠨ᠎ᠠ! ᠭᠡᠳ᠂ ᠳᠡᠷᠭᠡᠳᠡ ᠶ᠋ᠢᠨ ᠯᠠᠮᠠ《ᠶᠡᠬᠡᠰ ᠢ᠋ ᠬᠦᠨᠳᠦᠳᠬᠡᠬᠦ ᠶ᠋ᠢᠨ ᠡᠭᠦᠷᠭᠡ》 ᠡᠭᠦᠷᠦᠭᠰᠡᠨ ᠪᠠᠢᠳᠠᠯ ᠦᠵᠡᠭᠦᠯᠦᠨ ᠪᠥᠬᠥᠢᠰᠬᠢᠵᠦ᠂ ᠠᠯᠠᠭ᠎ᠠ ᠬᠠᠪᠰᠤᠷᠤᠨ ᠣᠢᠷᠠᠳᠴᠤ᠂ 
       — ᠯᠠᠮᠠ ᠶ᠋ᠢᠨ ᠭᠡᠭᠡᠨ ᠦ᠌ ᠨᠢᠷᠪᠠ ᠮᠣᠳᠣᠷ ᠤ᠋ᠨ ᠠᠳᠢᠰ ᠬᠦᠷᠲᠡᠵᠦ᠂ ᠰᠤᠷᠭᠠᠯ ᠤ᠋ᠨ ᠦᠭᠡ ᠶᠠᠪᠤᠬᠤ ᠶ᠋ᠢᠨ ᠡᠮᠦᠨ᠎ᠡ ᠬᠦᠷᠲᠡᠬᠦ ᠭᠡᠵᠦ ᠪᠠᠷᠠᠯᠬᠠᠬᠤ ᠪᠠᠷ ᠢᠷᠡᠭᠡᠳ ᠬᠦᠯᠢᠶᠡᠵᠦ ᠪᠠᠢᠨ᠎ᠠ ᠬᠡᠮᠡᠪᠡᠰᠦ᠂ 
       — ᠠ! ᠭᠡᠵᠦ ᠰᠠᠨᠠᠭᠠᠨ ᠳ᠋ᠤᠨᠢ(ᠳ᠋ᠤ᠌ ᠨᠢ) ᠨᠡᠢᠯᠡᠭᠰᠡᠨ ᠪᠠᠢᠳᠠᠯ ᠲᠠᠢ ᠪᠠᠷ ᠳᠤᠤᠭᠠᠷᠴᠤ᠂ ᠲᠦᠷᠦᠭᠦᠨ ᠦ᠌ ᠬᠡᠯᠡᠬᠦ ᠶ᠋ᠢ ᠶᠠᠭᠠᠬᠢᠭᠰᠠᠨ ᠶᠤᠮ ᠪᠢᠯᠡ᠂ ᠲᠠ ᠨᠠᠷ? ᠭᠡᠬᠦ ᠳ᠋ᠦ᠍ᠨᠢ(ᠳ᠋ᠦ᠍ ᠨᠢ)᠂ 
       — ᠰᠠᠯᠪᠠᠳᠠᠢ ᠠᠢᠯᠠᠳᠬᠠᠬᠤ ᠭᠡᠵᠦ ᠭᠦᠶᠦᠵᠦ ᠣᠷᠣᠭᠠᠳ··· ᠭᠡᠵᠦ ᠲᠡᠷᠡ ᠯᠠᠮᠠ ᠶ᠋ᠢᠨ ᠬᠡᠯᠡᠵᠦ ᠭᠦᠢᠴᠡᠬᠦ ᠶ᠋ᠢᠨ ᠡᠮᠦᠨ᠎ᠡ ᠪᠣᠭᠳᠠ ᠦᠭᠡ ᠶ᠋ᠢ ᠲᠠᠰᠤᠯᠠᠨ  (ᠲᠠᠰᠤᠯᠤᠨ) ᠥᠭᠦᠯᠡᠷᠦᠨ᠄ 
       — ᠠ᠂ ᠲᠡᠷᠡ ᠴᠢᠨᠢ᠂ ᠲᠡᠭᠡᠬᠦ ᠭᠡᠵᠦ ᠭᠦᠶᠦᠵᠦ ᠶᠠᠪᠤᠭᠰᠠᠨ ᠶᠤᠮ ᠪᠣᠢ? ᠪᠢᠳᠡ᠂ ᠦᠢᠮᠡᠭᠦᠯᠬᠦ ᠭᠡᠵᠦ ᠭᠦᠶᠦᠵᠦ ᠶᠠᠪᠤᠨ᠎ᠠ ᠭᠡᠵᠦ ᠪᠣᠳᠣᠭᠰᠠᠨ ᠰᠢᠦ᠃ ᠲᠡᠷᠡ ᠨᠢᠷᠪᠠ ᠶ᠋ᠢ ᠪᠠᠷᠠᠭᠤᠨ ᠥᠷᠥᠭᠡᠨ ᠳ᠋ᠦ᠍ ᠤᠷᠤᠭᠤᠯ ᠭᠡᠵᠦ ᠲᠣᠯᠣᠭᠠᠢ ᠪᠠᠷ ᠢ᠋ᠶ᠋ᠠᠨ ᠳᠣᠬᠢᠭᠠᠳ᠂ ᠨᠦᠰᠡᠷ ᠪᠡᠶ᠎ᠡ ᠪᠡᠨ ᠥᠨᠳᠡᠢᠨ ᠪᠣᠰᠴᠤ ᠡᠬᠢᠯᠡᠪᠡ᠃ 
       ᠳᠡᠷᠭᠡᠳᠡ ᠶ᠋ᠢᠨ ᠥᠨᠥᠬᠢ ᠯᠠᠮᠠ᠂ ᠨᠢᠳᠦ ᠪᠠᠯᠠᠢ ᠬᠠᠭᠠᠨ ᠢ᠋ᠶ᠋ᠠᠨ ᠲᠦᠰᠢᠨ ᠪᠣᠰᠬᠠᠭᠠᠳ ᠬᠠᠶᠠ ᠣᠨᠴᠠ ᠳᠣᠲᠣᠨᠣ ᠬᠥᠮᠦᠨ ᠢ᠋ ᠪᠠᠷᠠᠯᠬᠠᠭᠤᠯᠳᠠᠭ ᠪᠠᠷᠠᠭᠤᠨ ᠥᠷᠥᠭᠡᠨ ᠳ᠋ᠦ᠍ᠨᠢ( ᠳ᠋ᠦ᠍ ᠨᠢ) ᠲᠦᠰᠢᠵᠦ ᠣᠷᠣᠭᠤᠯᠤᠯ᠎ᠠ᠃  
       ᠪᠠᠷᠠᠯᠬᠠᠭᠤᠯᠬᠤ ᠪᠠᠭ᠎ᠠ ᠲᠠᠩᠬᠢᠮ ᠳ᠋ᠤᠨᠢ( ᠳ᠋ᠤ᠌ ᠨᠢ) ᠮᠥᠩᠭᠥᠨ ᠲᠣᠮᠣ ᠴᠥᠭᠥᠴᠡ ᠲᠡᠢ ᠵᠤᠯᠠ ᠶ᠋ᠢᠨ ᠰᠦᠮᠡᠯᠵᠡᠬᠦ ᠪᠦᠳᠡᠭᠢ ᠭᠡᠷᠡᠯᠲᠡᠢ ᠪᠠᠢᠵᠠᠢ᠃  
       ᠬᠠᠭᠠᠨ ᠢ᠋ ᠣᠯᠪᠣᠭ ᠳᠠᠪᠬᠤᠷᠯᠠᠭᠰᠠᠨ ᠨᠠᠮᠬᠠᠨ ᠰᠠᠭᠤᠳᠠᠯ ᠳᠡᠭᠡᠷ᠎ᠡ ᠰᠠᠭᠤᠯᠭᠠᠭᠠᠳ᠂ ᠮᠥᠩᠭᠥᠨ ᠬᠠᠳᠬᠤᠭᠤᠷ ᠲᠠᠢ ᠬᠣᠶᠠᠷ ᠤᠯᠠᠭᠠᠨ ᠯᠠ ᠪᠠᠷᠢᠭᠠᠳ᠂ ᠨᠣᠢᠷᠰᠤᠬᠤ ᠯᠠᠪᠷᠠᠩ ᠤ᠋ᠨ ᠬᠠᠭᠠᠯᠭ᠎ᠠ ᠬᠠᠭᠠᠵᠤ᠂ ᠴᠢᠮᠡᠭᠡ ᠦᠭᠡᠢ ᠭᠠᠷᠤᠭᠠᠳ ᠶᠠᠪᠤᠵᠠᠢ᠃ ᠬᠡᠪᠢᠰ ᠲᠦᠰᠢᠯᠭᠡ ᠪᠡᠨ ᠲᠦᠰᠢᠭᠡᠳ᠂ ᠣᠭᠲᠣ ᠬᠥᠳᠡᠯᠦᠯ ᠦᠭᠡᠢ ᠰᠠᠭᠤᠵᠤ ᠪᠠᠢᠭ᠎ᠠ ᠬᠠᠭᠠᠨ ᠤ᠋ ᠵᠤᠵᠠᠭᠠᠨ ᠨᠦᠰᠡᠷ ᠪᠡᠶ᠎ᠡ ᠨᠢ ᠬᠦᠷᠡᠯ ᠴᠢᠯᠠᠭᠤ ᠪᠠᠷ ᠰᠡᠢᠯᠦᠭᠰᠡᠨ ᠶᠦᠮ ᠰᠢᠭ ᠬᠠᠷᠠᠭᠳᠠᠬᠤ ᠠᠵᠢ᠃ ᠤᠯᠴᠠᠭᠠᠷ ᠬᠦᠷᠡᠩ ᠨᠢᠭᠤᠷ ᠨᠢ ᠰᠤᠷᠤᠮᠠᠭᠠᠢ (ᠰᠤᠷᠮᠠᠭᠠᠢ) ᠠᠵᠢᠭ ᠦᠭᠡᠢ ᠲᠥᠪ ᠪᠠᠢᠳᠠᠯ ᠲᠠᠢ ᠪᠣᠯᠵᠠᠢ᠃ 
       ᠳᠡᠷᠭᠡᠳᠡ ᠶ᠋ᠢᠨ ᠯᠠᠮᠠ᠂ ᠡᠷᠳᠡᠨᠢ ᠪᠠᠨᠳᠢᠳ( ᠪᠠᠨᠳᠢᠳᠠ) ᠭᠡᠭᠡᠨ ᠦ᠌ ᠨᠢᠷᠪᠠ ᠶ᠋ᠢ ᠤᠳᠤᠷᠢᠳᠤᠨ ᠣᠷᠣᠵᠤ ᠢᠷᠡᠭᠡᠳ᠂ ᠨᠢᠷᠪᠠ᠂ ᠠᠮᠢᠳᠤ ᠪᠤᠷᠬᠠᠨ ᠪᠣᠭᠳᠠ ᠶᠢᠨ ᠡᠮᠦᠨ᠎ᠡ ᠰᠥᠭᠥᠳᠦᠨ ᠮᠥᠷᠭᠥᠵᠦ ᠠᠳᠢᠰ ᠠᠪᠤᠭᠠᠳ᠂ ᠪᠣᠭᠳᠠ ᠶ᠋ᠢᠨ ᠡᠮᠦᠨ᠎ᠡ ᠭᠠᠵᠠᠷ ᠥᠨᠥᠬᠢ ᠳᠡᠷᠭᠡᠳᠡ ᠶ᠋ᠢᠨ ᠯᠠᠮᠠ ᠶ᠋ᠢᠨ ᠳᠡᠪᠢᠰᠴᠦ ᠥᠭᠭᠦᠭᠰᠡᠨ ᠣᠯᠪᠣᠭ ᠳᠡᠭᠡᠷ᠎ᠡ ᠡᠪᠦᠳᠦᠭ ᠨᠤᠭᠤᠯᠤᠨ ᠰᠠᠭᠤᠪᠠᠰᠤ᠂ ᠬᠠᠭᠠᠨ ᠲᠣᠯᠣᠭᠠᠢ ᠪᠠᠨ ᠳᠡᠷᠭᠡᠳᠡ ᠶ᠋ᠢᠨ ᠯᠠᠮᠠ ᠶ᠋ᠢᠨ ᠵᠦᠭ ᠡᠷᠭᠢᠵᠦ ᠬᠠᠷᠠᠯ ᠦᠭᠡᠢ ᠥᠭᠦᠯᠡᠷᠦᠨ᠄ 
       —  ᠬᠥᠮᠦᠨ ᠪᠢᠲᠡᠭᠡᠢ ᠤᠷᠤᠭᠤᠯ! ᠬᠡᠮᠡᠪᠡᠰᠦ᠂  
       —  ᠵᠠ ᠭᠡᠵᠦ ᠮᠡᠬᠦᠢᠨ ᠶᠣᠰᠣᠯᠠᠭᠠᠳ ᠭᠠᠷᠴᠠᠢ᠃  
       ᠬᠠᠭᠠᠨ᠂ ᠨᠢᠷᠪᠠ ᠯᠠᠮᠠ ᠲᠠᠢ ᠰᠥᠨᠢ ᠳᠤᠮᠳᠠ ᠪᠣᠯᠲᠠᠯ᠎ᠠ ᠦᠭᠡ ᠬᠡᠯᠡᠯᠴᠡᠵᠦ ᠪᠢᠯᠡ᠃ 
       ᠨᠢᠷᠪᠠ ᠯᠠᠮᠠ᠂ ᠯᠠᠮᠠ ᠶ᠋ᠢᠨ ᠢ᠋ᠶ᠋ᠡᠨ  ᠭᠡᠭᠡᠨ  ᠦ᠌ ᠬᠡᠢᠳ ᠲᠦ᠍ ᠪᠤᠴᠠᠵᠤ ᠢᠷᠡᠭᠡᠳ᠂ ᠬᠦᠷᠢᠶᠡᠨ ᠦ᠌ ᠬᠠᠮᠤᠭ ᠰᠣᠨᠢᠨ᠂ ᠪᠣᠭᠳᠠ ᠬᠠᠭᠠᠨ ᠠ᠋ᠴᠠ ᠡᠷᠳᠡᠨᠢ ᠪᠠᠨᠳᠢᠳ(ᠪᠠᠨᠳᠢᠳᠠ) ᠯᠠᠮᠠ ᠶ᠋ᠢᠨ ᠭᠡᠭᠡᠨ ᠳ᠋ᠦ᠍ ᠰᠤᠷᠭᠠᠨ ᠵᠠᠬᠢᠭᠰᠠᠨ ᠪᠦᠭᠦᠳᠡ ᠶ᠋ᠢ ᠨᠢᠭᠡᠳ ᠨᠢᠭᠡᠨ ᠦᠭᠡᠢ ᠳᠡᠯᠭᠡᠷᠡᠩᠭᠦᠢ ᠠᠢᠯᠠᠳᠬᠠᠵᠤ ᠪᠢᠯᠡ᠃  
       ᠲᠡᠭᠡᠭᠡᠳ᠂ ᠬᠡᠳᠦ ᠬᠣᠨᠣᠭᠰᠠᠨ ᠬᠣᠢᠨ᠎ᠠ ᠨᠢᠭᠡᠨ ᠦᠳᠡᠰᠢ᠂ ᠭᠡᠭᠡᠨ ᠦ᠌ ᠭᠣᠶᠣ ᠰᠠᠢᠬᠠᠨ ᠥᠷᠥᠭᠡᠨ ᠳ᠋ᠦ᠍ ᠬᠡᠢᠳ ᠦ᠋ᠨ ᠨᠡᠷᠡᠲᠡᠢ ᠨᠡᠷᠡᠲᠡᠢ᠂ ᠬᠡᠢᠳ ᠬᠥᠳᠡᠭᠡ ᠦᠭᠡᠢ ᠬᠡᠳᠦ ᠬᠡᠳᠦᠨ ᠵᠠᠭᠤᠨ ᠱᠠᠪᠢᠨᠠᠷ (ᠱᠠᠪᠢ ᠨᠠᠷ) ᠲᠠᠢ᠂ ᠣᠯᠠᠨ ᠳ᠋ᠤ᠌ ᠶᠡᠬᠡ ᠨᠥᠯᠥᠭᠡ ᠲᠡᠢ ᠮᠢᠨᠳᠠᠭᠲᠠᠨ ᠬᠡᠷᠬᠢᠮᠲᠡᠨ (ᠬᠡᠷᠭᠡᠮᠲᠡᠨ)ᠯᠠᠮᠠ ᠨᠠᠷ ᠬᠤᠷᠠᠯᠳᠤᠭᠰᠠᠨ ᠨᠢ᠂ ᠴᠥᠮ ᠬᠥᠳᠡᠭᠡᠨ ᠦ᠌ ᠬᠠᠷᠠᠩᠭᠤᠢ ᠪᠦᠳᠦᠭᠦᠯᠢᠭ ᠭᠡᠨᠡᠨ ᠬᠣᠩᠭᠣᠷ ᠰᠡᠳᠬᠢᠯ ᠲᠡᠢ ᠠᠷᠠᠳ ᠤ᠋ᠨ ᠠᠯᠢᠪᠠ ᠬᠡᠷᠡᠭ ᠶᠠᠪᠤᠳᠠᠯ ᠳ᠋ᠤ᠌ ᠠᠴᠢᠲᠤ ᠯᠠᠮᠠ ᠪᠠᠭᠰᠢ ᠭᠡᠵᠦ ᠠᠪᠤᠷᠠᠯ ᠰᠤᠷᠭᠠᠯ ᠢ᠋ ᠨᠢ ᠰᠢᠲᠦᠳᠡᠭ ᠲᠡᠢᠮᠦ ᠯᠠᠮᠠ ᠨᠠᠷ ᠠᠵᠢ᠃ 
       ᠭᠡᠭᠡᠨ ᠦ᠌ ᠥᠷᠥᠭᠡᠨ ᠳ᠋ᠦ᠍ ᠬᠤᠷᠠᠯᠳᠤᠭᠰᠠᠨ ᠲᠡᠷᠡ ᠨᠠᠰᠤᠲᠠᠢ ᠨᠠᠰᠤᠲᠠᠢ ᠯᠠᠮᠠ ᠨᠠᠷ᠂ ᠬᠦᠷᠢᠶᠡᠨ ᠳ᠋ᠦ᠍ ᠶᠠᠭᠤ ᠶᠠᠭᠤ ᠦᠵᠡᠭᠰᠡᠨ ᠰᠣᠨᠣᠰᠤᠭᠰᠠᠨ ᠢ᠋ ᠨᠢᠭᠡᠳ ᠨᠢᠭᠡᠨ ᠦᠭᠡᠢ ᠳᠡᠯᠭᠡᠷᠡᠩᠭᠦᠢ ᠠᠢᠯᠠᠳᠬᠠᠭᠰᠠᠨ ᠨᠢᠷᠪᠠ ᠯᠠᠮᠠ ᠶ᠋ᠢᠨ ᠦᠭᠡ ᠶ᠋ᠢ ᠴᠠᠢ ᠤᠤᠭᠤᠵᠠᠭᠠᠨ ᠰᠣᠨᠣᠰᠴᠤ ᠰᠠᠭᠤᠪᠠᠰᠤ᠂  
       — ᠬᠦᠷᠢᠶ᠎ᠡ ᠴᠧᠮᠦ * ᠶ᠋ᠢᠨ ᠣᠯᠠᠨ ᠮᠡᠷᠭᠡᠳ᠂ ᠯᠠᠮᠠ ᠪᠠᠭᠰᠢ ᠨᠠᠷ᠂ ᠲᠩᠷᠢ ᠢᠵᠠᠭᠤᠷᠲᠤ ᠨᠣᠶᠠᠳ ᠤ᠋ᠨ ᠠᠢᠯᠠᠳᠬᠤ ᠶ᠋ᠢ ᠰᠣᠨᠣᠰᠪᠠᠯ᠂ ᠠᠳᠠᠭ ᠤ᠋ᠨ ᠮᠠᠰᠢ ᠴᠥᠪ ᠦ᠋ᠨ ᠴᠠᠭ ᠪᠣᠯᠵᠤ ᠪᠠᠢᠨ᠎ᠠ᠃ ᠬᠠᠷᠠᠴᠤ ᠶ᠋ᠢᠨ ᠠᠯᠢ ᠥᠭᠡᠳᠡᠯᠡᠰᠢ ᠦᠭᠡᠢ ᠡᠲᠡᠭᠡᠳ ᠲᠣᠯᠣᠭᠠᠢ ᠳᠡᠭᠡᠷ᠎ᠡ ᠭᠠᠷᠴᠤ᠂ ᠲᠡᠳᠡᠨ ᠦ᠌ ᠤᠳᠤᠷᠢᠳᠤᠭᠴᠢ ᠨᠢ ᠤᠷᠢᠳ ᠬᠤᠵᠢᠷᠪᠤᠯᠤᠩ ᠳ᠋ᠤ᠌ ᠥᠴᠦᠬᠡᠨ ᠴᠡᠷᠢᠭ ᠮᠡᠲᠦ ᠠᠯᠪᠠᠨ ᠬᠠᠭᠠᠬᠤ ᠲᠡᠳᠦᠢ ᠶᠠᠪᠤᠭᠰᠠᠨ ᠰᠦᠬᠡ ᠭᠡᠭᠴᠢ ᠬᠥᠮᠦᠨ ᠪᠠᠢᠳᠠᠭ ᠭᠡᠨ᠎ᠡ᠃ ᠶᠠᠰᠤᠲᠤ ᠮᠡᠯᠡᠬᠡᠢ᠂ ᠰᠷᠢᠳᠢᠪ ᠦ᠋ᠨ  ᠬᠣᠷᠯᠣ᠎ᠠ*  ᠶ᠋ᠢ ᠠᠳᠬᠤᠳᠠᠭ ᠲᠠᠢ ᠠᠳᠠᠯᠢ᠂ ᠲᠡᠳᠡ ᠰᠦᠷ ᠬᠦᠴᠦᠨ ᠳ᠋ᠡᠭᠡᠨ (ᠳ᠋ᠦ᠍ ᠪᠡᠨ) ᠡᠷᠳᠦᠵᠦ᠂ ᠬᠠᠭᠠᠨ ᠢ᠋ ᠬᠠᠮᠢᠭᠠᠰᠢ ᠨᠢ ᠴᠦ᠍ ᠬᠥᠳᠡᠯᠭᠡᠬᠦ ᠦᠭᠡᠢ ᠲᠠᠰᠤ ᠠᠳᠬᠤᠭᠠᠳ ᠪᠠᠢᠳᠠᠭ ᠶᠤᠮ ᠭᠡᠵᠦ ᠬᠡᠯᠡᠯᠴᠡᠳᠡᠭ ᠪᠠᠢᠨ᠎ᠠ᠃ ᠲᠡᠢᠮᠦ ᠳᠡᠭᠡᠷ᠎ᠡ ᠡᠴᠡ ᠬᠠᠭᠠᠨ ᠠᠷᠭ᠎ᠠ ᠪᠤᠶᠤ ᠲᠠᠩᠭᠠᠷᠢᠭ ᠤ᠋ᠨ ᠭᠡᠷ᠎ᠡ ᠲᠤᠯᠭᠠᠭᠰᠠᠨ ᠢ᠋ ᠬᠦᠯᠢᠶᠡᠵᠦ᠂ ᠬᠠᠭᠠᠨ ᠲᠥᠷᠥ ᠪᠠᠷᠢᠬᠤ ᠡᠷᠬᠡ ᠪᠡᠨ ᠠᠯᠳᠠᠵᠤ᠂ ᠬᠠᠭᠠᠨ ᠤ᠋ ᠭᠠᠭᠴᠠ ᠴᠣᠯᠠ ᠲᠡᠳᠦᠢ ᠦᠯᠡᠳᠡᠬᠦ ᠳ᠋ᠦ᠍ ᠬᠦᠷᠴᠡᠢ ᠬᠡᠮᠡᠵᠦ ᠢᠷᠪᠠᠢᠨ ᠬᠡᠯᠡᠬᠦ ᠳ᠋ᠦ᠍᠂ 
       —  ᠱᠠᠰᠢᠨ ᠲᠥᠷᠥ ᠶ᠋ᠢ ᠬᠣᠣᠰᠯᠠᠨ ᠪᠠᠷᠢᠭᠴᠢ ᠪᠣᠭᠳᠠ ᠬᠠᠭᠠᠨ ᠢ᠋ ᠨᠢᠭᠡᠨᠲᠡ ᠡᠢᠮᠦ ᠪᠠᠢᠳᠠᠯ ᠳ᠋ᠤ᠌ ᠬᠦᠷᠭᠡᠭᠰᠡᠨ ᠬᠣᠢᠨ᠎ᠠ᠂ ᠮᠠᠨ ᠤ᠋ ᠡᠷᠬᠢᠮ ᠥᠭᠯᠢᠭᠡ ᠶ᠋ᠢᠨ ᠡᠵᠡᠳ᠂ ᠲᠩᠷᠢ ᠢᠵᠠᠭᠤᠷᠲᠤ ᠨᠣᠶᠠᠳ᠂ ᠬᠤᠲᠤᠭᠲᠤ ᠬᠤᠪᠢᠯᠭᠠᠨ᠂ ᠮᠡᠷᠭᠡᠳ ᠪᠠᠭᠰᠢ ᠨᠠᠷ ᠶᠠᠭᠠᠬᠢᠳᠠᠭ ᠪᠢᠯᠡ? ᠭᠡᠵᠦ ᠳᠢᠶᠠᠨᠴᠢ ᠬᠥᠮᠦᠨ ᠦ᠌ ᠡᠴᠡᠩᠭᠢᠷ ᠴᠢᠷᠠᠢ ᠲᠠᠢ᠂ ᠦᠬᠦᠰᠢᠷᠡᠲᠡᠯ᠎ᠡ ᠪᠠᠷᠢᠮᠲᠠᠯᠠᠬᠤ ᠮᠤᠬᠤᠷ ᠰᠦᠰᠦᠭ ᠪᠠᠳᠠᠷᠠᠭᠰᠠᠨ ᠠᠶ᠎ᠠ ᠦᠭᠡᠢ ᠬᠤᠷᠴᠠ ᠨᠢᠳᠦᠲᠡᠢ᠂ ᠶᠡᠬᠡ ᠰᠢᠷᠠᠲᠠᠢ ᠶ᠋ᠢᠨ ᠰᠢᠨᠵᠢᠲᠡᠢ ᠲᠤᠷᠠᠩᠬᠠᠢ ᠡᠪᠦᠭᠡᠨ ᠨᠢᠭᠡᠨ ᠴᠣᠷᠵᠢ ᠤᠨᠲᠤᠭᠤᠴᠠᠨ ᠳᠤᠤᠭᠠᠷᠤᠯ᠎ᠠ᠃ 
       —  ᠬᠦᠷᠢᠶᠡᠨ ᠳ᠋ᠦ᠍ ᠭᠦᠷᠢᠮᠴᠢ ᠨᠠᠷ ᠠ᠋ᠴᠠ ᠰᠣᠨᠣᠰᠪᠠᠯ᠂ ᠲᠡᠷᠡ ᠪᠤᠷᠤᠭᠤ ᠨᠣᠮᠲᠠᠨ ᠤ᠋ ᠤᠳᠤᠷᠢᠳᠤᠭᠴᠢ ᠨᠠᠷ ᠢ᠋ ᠰᠡᠷᠡᠭᠡ ᠳᠠᠷᠤ ᠭᠡᠵᠦ ᠪᠣᠭᠳᠠ ᠬᠠᠭᠠᠨ᠂ ᠬᠦᠷᠢᠶᠡᠨ ᠦ᠌ ᠶᠣᠣ ᠶ᠋ᠢᠨ ᠯᠠᠮᠠ ᠨᠠᠷ ᠲᠤ᠌ ᠨᠢᠭᠤᠴᠠ ᠵᠠᠷᠯᠢᠭ ᠯᠦᠨᠳᠦᠩ ᠪᠠᠭᠤᠯᠭᠠᠭᠰᠠᠨ ᠭᠡᠨᠡᠮ᠃ ᠪᠠᠰᠠ ᠠᠷᠠᠳ ᠤ᠋ᠨ ᠨᠠᠮ ᠭᠡᠳᠡᠭ ᠦᠭᠡ ᠶ᠋ᠢ ᠮᠢᠨᠦ ᠦᠨᠡᠨ ᠰᠦᠰᠦᠭᠲᠦ ᠱᠠᠪᠢ ᠨᠠᠷ ᠴᠥᠮ ᠴᠡᠭᠡᠷᠯᠡᠵᠦ᠂ ᠲᠡᠳᠡᠨ ᠦ᠌ ᠨᠠᠮ ᠤ᠋ᠨ ᠬᠥᠮᠦᠨ ᠢ᠋ ᠣᠷᠣᠰ ᠤ᠋ᠨ ᠤᠯᠠᠭᠠᠨ ᠴᠡᠷᠢᠭ ᠢ᠋ ᠨᠡᠷᠡᠯᠡᠳᠡᠭ ᠦ᠋ᠨ ᠨᠢᠭᠡᠨ ᠠᠳᠠᠯᠢ《ᠨᠣᠮᠣᠬᠠᠨ ᠪᠣᠷᠣ》 ᠭᠡᠵᠦ ᠨᠡᠷᠡᠯᠡᠲᠦᠭᠡᠢ ᠭᠡᠵᠦ ᠨᠢᠭᠤᠴᠠ ᠵᠠᠷᠯᠢᠭ ᠪᠠᠭᠤᠯᠭᠠᠭᠰᠠᠨ᠃ ᠪᠣᠭᠳᠠ ᠬᠠᠭᠠᠨ ᠤ᠋ ᠪᠠᠰᠠ ᠰᠤᠷᠭᠠᠨ ᠠᠢᠯᠠᠳᠤᠭᠰᠠᠨ ᠨᠢ᠂ ᠣᠯᠳᠠᠬᠤᠶ᠎ᠠ ᠪᠡᠷᠬᠡ ᠢᠨᠦ ᠣᠯᠠᠨ ᠤ᠋ ᠰᠡᠳᠬᠢᠯ ᠪᠣᠯᠠᠢ᠃ ᠮᠠᠨ ᠤ᠋ ᠠᠷᠢᠯᠤᠭᠰᠠᠨ ᠱᠠᠰᠢᠨ ᠡᠷᠳᠡᠨᠢ ᠮᠠᠨᠢ᠂ ᠮᠡᠷᠭᠡᠳ ᠪᠣᠭᠳᠠ ᠶ᠋ᠢᠨ ᠵᠠᠭᠤᠨ ᠠᠯᠵᠢᠶᠠᠯ ᠢ᠋ᠶ᠋ᠠᠷ ᠣᠯᠠᠨ ᠤ᠋ ᠰᠡᠳᠬᠢᠯ ᠢ᠋ ᠭᠠᠭᠴᠠ ᠪᠠᠷ ᠡᠵᠡᠯᠡᠨ ᠪᠠᠷᠢᠵᠤ ᠪᠠᠢᠯ᠎ᠠ᠃ ᠣᠳᠣ ᠠᠷᠢᠯᠤᠭᠰᠠᠨ ᠱᠠᠰᠢᠨ ᠡᠷᠬᠢᠮ ᠲᠥᠷᠥ ᠶ᠋ᠢ ᠭᠬᠢᠷ ᠦᠭᠡᠢ ᠠᠷᠢᠭᠤᠨ᠎ᠠ ᠮᠠᠨᠳᠤᠭᠤᠯᠬᠤ ᠪᠤᠶᠤ ᠠᠷᠠᠳ ᠤ᠋ᠨ ᠨᠠᠮ  ᠤ᠋ᠨ ᠮᠤᠬᠤᠷ ᠲᠣᠯᠣᠭᠠᠢᠲᠠᠨ ᠨᠤᠭᠤᠳ ᠲᠤ᠌ ᠭᠬᠢᠷᠲᠦᠭᠦᠯᠵᠦ᠂ ᠱᠠᠰᠢᠨ ᠲᠥᠷᠥ ᠪᠡᠨ ᠰᠥᠨᠥᠭᠡᠬᠦ ᠶ᠋ᠢᠨ ᠠᠯᠢᠨ ᠪᠣᠯᠬᠤ ᠨᠢ ᠬᠤᠲᠤᠭᠲᠤ ᠬᠤᠪᠢᠯᠭᠠᠨ᠂ ᠭᠡᠭᠡᠨ ᠯᠠᠮᠠ ᠪᠠᠭᠰᠢ  ᠲᠠ ᠨᠠᠷ ᠤ᠋ᠨ ᠪᠠᠢᠳᠠᠯ ᠠ᠋ᠴᠠ ᠪᠣᠯᠬᠤ ᠬᠡᠷᠡᠭ᠂ ᠬᠡᠷᠪᠡ ᠲᠠ ᠪᠦᠬᠦᠨ ᠭᠠᠭᠴᠠ ᠰᠡᠭᠦᠯᠲᠦ ᠮᠢᠩᠭᠠᠨ ᠲᠣᠯᠣᠭᠠᠢᠲᠤ ᠮᠣᠭᠠᠢ ᠶ᠋ᠢᠨ ᠠᠳᠠᠯᠢ  ᠪᠣᠯᠪᠠᠰᠤ᠂ ᠮᠤᠬᠤᠷ ᠲᠣᠯᠣᠭᠠᠢᠲᠠᠨ ᠤ᠋ ᠲᠡᠷᠭᠡᠨ ᠳ᠋ᠦ᠍ ᠰᠡᠭᠦᠯ ᠢ᠋ᠶ᠋ᠡᠨ ᠣᠭᠲᠣᠯᠤᠭᠤᠯᠤᠨ᠂ ᠲᠠ ᠪᠦᠬᠦᠨ ᠴᠥᠮ ᠮᠥᠬᠥᠨ᠎ᠡ᠃ ᠡᠢᠮᠦ ᠳ᠋ᠦ᠍᠂ ᠲᠠ ᠪᠦᠬᠦᠨ ᠰᠠᠨᠠᠯ ᠢ᠋ᠶ᠋ᠠᠨ ᠨᠢᠭᠡᠳᠬᠡᠨ ᠭᠠᠭᠴᠠ ᠲᠣᠯᠣᠭᠠᠢ ᠲᠠᠢ ᠮᠣᠭᠠᠢ ᠪᠣᠯᠵᠤ᠂ ᠭᠡᠷᠲᠡᠨ ᠵᠢᠷᠳᠠᠨ  ᠱᠠᠪᠢ ᠨᠠᠷ ᠲᠠᠨᠢ᠂ ᠭᠠᠭᠴᠠ ᠲᠣᠯᠣᠭᠠᠢ ᠶ᠋ᠢ ᠳᠠᠭᠠᠳᠠᠭ ᠮᠢᠩᠭᠠᠨ ᠰᠡᠭᠦᠯ ᠪᠣᠯᠤᠭ ᠭᠡᠵᠦ ᠳᠡᠭᠡᠷᠡᠬᠢ ᠶ᠋ᠢᠨ ᠭᠡᠭᠡᠨ ᠰᠤᠷᠭᠠᠨ ᠠᠢᠯᠠᠳᠤᠯ᠎ᠠ ᠭᠡᠵᠦ ᠨᠢᠷᠪᠠ ᠶ᠋ᠢᠨ ᠠᠢᠯᠠᠳᠬᠠᠨ ᠮᠡᠳᠡᠭᠦᠯᠬᠦ  ᠦᠭᠡ ᠪᠡᠨ ᠬᠡᠯᠡᠵᠦ ᠭᠦᠢᠴᠡᠬᠦ ᠳ᠋ᠦ᠍ ᠂ ᠯᠠᠮᠠ ᠶ᠋ᠢᠨ ᠭᠡᠭᠡᠨ ᠲᠡᠭᠦᠰᠬᠡᠯ ᠪᠣᠯᠭᠠᠵᠤ ᠰᠤᠷᠭᠠᠨ ᠥᠭᠦᠯᠡᠷᠦᠨ᠄ 
       — ᠪᠣᠭᠳᠠ ᠬᠠᠭᠠᠨ ᠤ᠋ ᠲᠡᠷᠡ ᠨᠢᠭᠤᠴᠠ ᠠᠢᠯᠠᠳᠪᠤᠷᠢ ᠶ᠋ᠢᠨ ᠤᠴᠢᠷ ᠤᠳᠬ᠎ᠠ ᠶ᠋ᠢ ᠡᠷᠭᠢᠴᠡᠭᠦᠯᠦᠨ ᠪᠣᠳᠣᠪᠠᠯ᠂ ᠦᠭᠡ ᠶ᠋ᠢᠨ ᠪᠡᠯᠭᠡ ᠪᠡᠷ ᠪᠤᠷᠤᠭᠤ  ᠦᠵᠡᠯᠲᠡᠨ  ᠢ᠋ ᠳᠠᠷᠤᠬᠤ ᠶ᠋ᠢᠨ ᠪᠡᠯᠭᠡ ᠵᠣᠬᠢᠶᠠᠵᠠᠢ᠃ ᠪᠤᠷᠬᠠᠳ᠂ ᠪᠤᠷᠤᠭᠤ ᠣᠨᠣᠯᠳᠤ ᠮᠠᠭᠤ ᠵᠠᠶᠠᠭᠠᠳᠠᠨ ᠤ᠋ ᠬᠦᠰᠡᠯ ᠢ᠋ ᠴᠠᠭ ᠤ᠋ᠨ ᠪᠠᠢᠳᠠᠯ ᠢ᠋ ᠬᠠᠷᠠᠭᠠᠯᠵᠠᠨ᠂ ᠳᠠᠯᠳᠠᠭᠤᠷ ᠠᠤᠭ᠎ᠠ ᠬᠦᠴᠦᠨ ᠢ᠋ᠶ᠋ᠡᠷ ᠠᠰᠤᠷᠤ ᠲᠦᠳᠡᠯ ᠦᠭᠡᠢ ᠳᠠᠷᠤᠩᠭᠤᠢᠯᠠᠨ ᠨᠣᠮᠣᠭᠠᠳᠬᠠᠵᠤ ᠤᠰᠠᠳᠬᠠᠬᠤ ᠶ᠋ᠢᠨ ᠨᠠᠷᠢᠨ ᠨᠢᠭᠤᠴᠠ ᠶᠣᠭᠲᠠ ᠠᠢᠯᠠᠳᠪᠤᠷᠢ ᠪᠢᠵᠡ ᠭᠡᠮᠡᠨ ᠪᠢᠳᠡ ᠪᠦᠬᠦᠨ ᠰᠢᠪᠰᠢᠨ ᠵᠠᠯᠪᠠᠷᠢᠮᠤ᠃ ᠣᠯᠠᠨ ᠤ᠋ ᠪᠠᠭᠰᠢ ᠨᠠᠷ ᠪᠣᠯᠤᠭᠰᠠᠨ ᠪᠢᠳᠡ ᠪᠦᠬᠦᠨ᠂ ᠱᠠᠪᠢ ᠣᠯᠠᠨ ᠢ᠋ᠶ᠋ᠠᠨ ᠦᠨᠡᠨ ᠦ᠌ ᠮᠥᠷ ᠡᠴᠡ ᠭᠠᠵᠢᠬᠤ ᠳ᠋ᠤ᠌ ᠬᠦᠷᠦᠭᠦᠯᠪᠡᠯ᠂ ᠪᠠ ᠪᠦᠷᠢᠨ ᠦ᠌ ᠱᠠᠰᠢᠨ ᠲᠥᠷᠥ ᠶ᠋ᠢ ᠬᠣᠣᠰᠯᠠᠨ ᠪᠠᠷᠢᠭᠰᠠᠨ ᠬᠠᠭᠠᠨ ᠤ᠋ ᠡᠮᠦᠨ᠎ᠡ ᠪᠤᠷᠤᠭᠤ ᠪᠠᠨ ᠥᠴᠢᠬᠦ ᠪᠣᠯᠤᠨ᠎ᠠ᠃ ᠪᠢᠳᠡᠨ ᠦ᠌ ᠡᠷᠲᠡᠨ ᠡᠴᠡ ᠳᠠᠭᠠᠵᠤ ᠢᠷᠡᠭᠰᠡᠨ ᠲᠩᠷᠢ ᠶ᠋ᠢᠨ ᠵᠣᠬᠢᠶᠠᠯᠲᠤ ᠶᠡᠬᠡ ᠶᠣᠰᠣ ᠲᠥᠷᠥ ᠪᠡᠨ  ᠠᠯᠲᠠᠨ᠂ ᠠᠷᠢᠭᠤᠨ ᠪᠤᠷᠬᠠᠨ ᠱᠠᠰᠢᠨ ᠠ᠋ᠴᠠ ᠬᠠᠭᠠᠴᠠᠵᠤ᠂ ᠮᠠᠭᠤ ᠢᠷᠣ᠎ᠠ ᠪᠦᠬᠦᠨ ᠢ᠋ ᠦᠵᠡᠬᠦ ᠮᠠᠰᠢ ᠴᠥᠪ ᠦ᠋ᠨ ᠴᠠᠭ ᠤ᠋ᠨ ᠤᠯᠠᠷᠢᠯ ᠤ᠋ᠨ ᠳᠣᠬᠢᠶ᠎ᠠ ᠢᠯᠡᠳᠲᠡ ᠳ᠋ᠦ᠍ ᠦᠵᠡᠭᠳᠡᠵᠡᠢ᠃ ᠴᠠᠭ ᠤ᠋ᠨ ᠪᠡᠯᠭᠡ ᠳᠣᠬᠢᠶ᠎ᠠ ᠶ᠋ᠢ ᠠᠩᠬᠠᠷᠤᠨ᠂ ᠬᠥᠩᠭᠡᠮᠰᠦᠭᠯᠡᠨ ᠣᠮᠲᠣᠭᠠᠢᠳᠠᠬᠤ ᠶ᠋ᠢᠨ ᠨᠣᠢᠷ ᠲᠤ᠌ ᠪᠤᠤ ᠠᠪᠲᠠᠭᠳᠠᠭᠲᠤᠨ! ᠮᠢᠩᠭᠠᠨ ᠰᠡᠭᠦᠯᠲᠦ ᠭᠠᠭᠴᠠ ᠲᠣᠯᠣᠭᠠᠢᠲᠤ ᠮᠣᠭᠠᠢ ᠪᠣᠯᠤᠶ᠎ᠠ᠃ ᠲᠡᠷᠡ ᠭᠠᠭᠴᠠ ᠲᠣᠯᠣᠭᠠᠢ ᠮᠠᠨᠢ ᠪᠣᠭᠳᠠ ᠬᠠᠭᠠᠨ ᠮᠠᠨᠢ ᠭᠡᠵᠦ ᠮᠡᠳᠡᠭᠲᠦᠨ ᠭᠡᠵᠡᠢ᠃ 
       ᠤᠳᠠᠯ ᠦᠭᠡᠢ᠂ ᠲᠡᠷᠡ ᠬᠡᠢᠳ ᠲᠦ᠍ ᠡᠯᠳᠡᠪ  ᠴᠤᠤ ᠳᠠᠮ ᠦᠭᠡ ᠭᠠᠷᠴᠤ᠂ ᠪᠣᠭᠳᠠ ᠬᠠᠭᠠᠨ᠂ ᠠᠷᠠᠳ ᠤ᠋ᠨ ᠨᠠᠮ ᠭᠡᠳᠡᠭ ᠦᠭᠡ ᠶ᠋ᠢ ᠴᠡᠭᠡᠷᠯᠡᠵᠦ᠂ ᠨᠠᠮ ᠤ᠋ᠨ ᠭᠡᠰᠢᠭᠦᠨ ᠢ᠋《ᠨᠣᠮᠣᠬᠠᠨ ᠪᠣᠷᠣ》 ᠭᠡᠵᠦ ᠨᠡᠷᠡᠯᠡᠵᠦ ᠪᠠᠢᠬᠤ ᠶ᠋ᠢ ᠨᠢᠭᠤᠴᠠ ᠵᠠᠷᠯᠢᠭ  ᠯᠦᠩᠳᠦ᠋ᠩ ᠢ᠋ᠶ᠋ᠡᠷ ᠣᠯᠠᠨ ᠱᠠᠪᠢ ᠨᠠᠷ ᠲᠠᠭᠠᠨ( ᠳ᠋ᠤ᠌ ᠪᠠᠨ )ᠰᠤᠷᠭᠠᠨ ᠠᠢᠯᠠᠳᠤᠭᠰᠠᠨ ᠢ᠋ ᠪᠤᠷᠬᠠᠨ ᠱᠠᠰᠢᠨ ᠲᠠᠢ ᠬᠥᠮᠦᠨ ᠪᠦᠬᠦᠨ᠂ ᠪᠣᠭᠳᠠ ᠶ᠋ᠢᠨ ᠦᠨᠡᠨ ᠱᠠᠪᠢ ᠪᠦᠬᠦᠨ ᠬᠢᠴᠢᠶᠡᠩᠭᠦᠢᠯᠡᠨ ᠳᠠᠭᠠᠬᠤ ᠬᠡᠷᠡᠭᠲᠡᠢ ᠭᠡᠵᠦ ᠴᠤᠤ ᠳᠠᠮᠨᠠᠨ ᠬᠡᠯᠡᠯᠴᠡᠯ᠎ᠡ᠃ 
       ᠪᠠᠰᠠ ᠨᠣᠮᠣᠬᠠᠨ ᠪᠣᠷᠣ ᠶ᠋ᠢᠨ ᠭᠡᠰᠢᠭᠦᠨ ᠪᠣᠯᠬᠤ ᠬᠥᠮᠦᠨ ᠢ᠋ ᠣᠷᠣᠰ ᠡᠮ᠎ᠡ ᠶ᠋ᠢᠨ ᠥᠮᠥᠳᠥᠨ ᠳᠣᠣᠭᠤᠷ ᠪᠤᠶᠤ ᠲᠥᠷᠥᠵᠦ ᠪᠠᠢᠭ᠎ᠠ ᠣᠷᠣᠰ ᠡᠬᠡᠨᠡᠷ ᠦ᠋ᠨ ᠳᠦᠷᠰᠦᠲᠦ ᠵᠢᠷᠤᠭ ᠳᠣᠣᠭᠤᠷ ᠰᠢᠷᠭᠤᠭᠤᠯᠤᠨ ᠭᠠᠷᠭᠠᠵᠤ᠂ ᠶᠡᠬᠡ ᠭᠦᠯᠭᠡᠨ ᠰᠤᠳᠤᠷ᠂ ᠰᠤᠩᠳᠤᠢ ᠵᠠᠳᠠᠮᠪᠠ ᠲᠡᠷᠢᠭᠦᠲᠡᠨ ᠳᠡᠭᠡᠭᠦᠷ ᠠᠯᠬᠤᠯᠠᠨ ᠭᠠᠷᠭᠠᠳᠠᠭ ᠠ᠋ᠴᠠ ᠪᠣᠯᠵᠤ* ᠬᠥᠮᠦᠨ ᠦ᠌ ᠤᠬᠠᠭᠠᠨ ᠮᠤᠩᠬᠠᠷᠠᠵᠤ᠂ ᠪᠤᠷᠤᠭᠤ ᠦᠵᠡᠯ ᠲᠥᠷᠥᠭᠡᠳ᠂ ᠯᠠᠮᠠ ᠪᠠᠭᠰᠢ ᠨᠠᠷ ᠢ᠋ ᠬᠦᠨᠳᠦᠳᠬᠡᠬᠦ ᠦᠭᠡᠢ᠂ ᠲᠥᠷᠥᠭᠰᠡᠨ ᠡᠬᠡ ᠡᠴᠢᠭᠡ᠂ ᠲᠩᠷᠢ ᠡᠴᠡ ᠵᠠᠶᠠᠭᠠᠲᠤ ᠶᠡᠬᠡᠰ ᠨᠣᠶᠠᠳ᠂ ᠯᠠᠮᠠ ᠪᠠᠭᠰᠢ ᠨᠠᠷ ᠢ᠋ᠶ᠋ᠠᠨ ᠡᠴᠢᠭᠡ ᠡᠬᠡ᠂ ᠨᠣᠶᠠᠨ ᠪᠠᠭᠰᠢ ᠭᠡᠵᠦ ᠦᠵᠡᠬᠦ ᠦᠭᠡᠢ ᠲᠡᠷᠰᠬᠦᠳ ᠪᠤᠷᠤᠭᠤ ᠦᠵᠡᠯ ᠲᠡᠢ ᠪᠣᠯᠳᠠᠭ ᠶᠤᠮ ᠭᠡᠨ᠎ᠡ ᠭᠡᠵᠦ ᠴᠤᠤᠷᠬᠠᠨ ᠬᠡᠯᠡᠯᠴᠡᠬᠦ ᠪᠣᠯᠤᠯ᠎ᠠ᠃  
       ᠭᠡᠭᠡᠬᠡᠨ ᠱᠠᠩ ᠤ᠋ᠨ ᠬᠣᠨᠢ ᠬᠠᠷᠢᠭᠤᠯᠤᠭᠰᠠᠭᠠᠷ ᠰᠢᠭᠤᠷᠭᠠᠨ ᠳ᠋ᠤ᠌ ᠡᠨᠳᠡᠭᠳᠡᠭᠰᠡᠨ ᠯᠤᠪᠰᠠᠩ ᠭᠡᠳᠡᠭ ᠨᠥᠬᠥᠷ ᠦ᠋ᠨ ᠢ᠋ᠶ᠋ᠡᠨ ᠬᠣᠢᠨ᠎ᠠ ᠠ᠋ᠴᠠ ᠪᠤᠶᠠᠨ ᠨᠣᠮ ᠬᠢᠬᠦ ᠭᠡᠵᠦ ᠬᠡᠢᠳ ᠣᠷᠣᠭᠠᠳ ᠡᠮᠡᠭᠡᠨ ᠲᠣᠭᠣ᠂ ᠰᠠᠩ ᠤ᠋ᠨ ᠨᠢᠷᠪᠠ ᠯᠠᠮᠠ ᠭᠤᠸᠠᠢ ᠠ᠋ᠴᠠ ᠡᠯᠳᠡᠪ ᠶᠠᠭᠤᠮ᠎ᠠ ᠰᠣᠨᠣᠰᠤᠨ ᠰᠠᠨᠳᠤᠷᠴᠤ᠂ ᠭᠠᠭᠴᠠ ᠪᠡᠶ᠎ᠡ ᠡᠪᠦᠭᠡᠨ᠂ ᠬᠣᠨᠢᠴᠢᠨ ᠴᠡᠮᠪᠡᠢ ᠠᠪᠤᠭᠠᠢ ᠠ᠋ᠴᠠ ᠠᠷᠭ᠎ᠠ ᠰᠠᠨᠠᠭ᠎ᠠ ᠠᠰᠠᠭᠤᠬᠤ ᠭᠡᠵᠦ ᠣᠴᠢᠪᠠᠰᠤ᠂ ᠡᠪᠦᠭᠡᠨ ᠮᠠᠭᠤ ᠬᠠᠷ᠎ᠠ ᠭᠡᠷ ᠲᠡᠭᠡᠨ ᠭᠠᠯ ᠢ᠋ᠶ᠋ᠠᠨ ᠲᠦᠯᠡᠵᠦ ᠪᠠᠢᠪᠠ᠃ 
       — ᠲᠠᠯᠢᠢᠭᠴᠢ ᠶ᠋ᠢᠨ ᠬᠣᠢᠨᠠᠴᠠ(ᠬᠣᠢᠨ᠎ᠠ ᠠ᠋ᠴᠠ) ᠪᠤᠶᠠᠨ ᠨᠣᠮ ᠬᠢᠬᠦ ᠭᠡᠵᠦ ᠬᠡᠢᠳ ᠣᠷᠣᠭᠠᠳ ᠢᠷᠡᠯ᠎ᠡ᠃ ᠨᠢᠷᠪᠠ ᠯᠠᠮᠪᠠᠭᠠᠢ(ᠯᠠᠮᠠᠪᠤᠭᠠᠢ) ᠠ᠋ᠴᠠ ᠰᠡᠳᠬᠢᠯ ᠵᠣᠪᠠᠮᠠᠷ ᠦᠭᠡ ᠰᠣᠨᠣᠰᠤᠭᠠᠳ ᠰᠠᠨᠳᠤᠷᠴᠤ ᠶᠠᠪᠤᠨ᠎ᠠ᠃ ᠬᠦᠷᠢᠶᠡᠨ ᠦ᠌ ᠨᠣᠮᠣᠬᠠᠨ ᠪᠣᠷᠣ ᠶ᠋ᠢᠨ ᠶᠠᠮᠤᠨ ᠠ᠋ᠴᠠ ᠮᠠᠨ ᠤ᠋ ᠡᠭᠦᠪᠡᠷ ᠨᠣᠮᠣᠬᠠᠨ ᠪᠣᠷᠣ ᠶ᠋ᠢᠨ ᠡᠭᠦᠷ᠂ ᠵᠠᠯᠠᠭᠤᠴᠤᠳ ᠤ᠋ᠨ ᠡᠭᠦᠷ ᠭᠡᠳᠡᠭ ᠶᠠᠭᠤᠮ᠎ᠠ ᠪᠠᠢᠭᠤᠯᠬᠤ ᠪᠠᠷ ᠢᠷᠡᠬᠦ ᠶᠦᠮ ᠭᠡᠨ᠎ᠡ ᠭᠡᠵᠦ ᠨᠢᠷᠪᠠ ᠠᠪᠤᠭᠠᠢ ᠶᠠᠷᠢᠵᠤ ᠪᠠᠢᠨ᠎ᠠ᠃ 
       ᠨᠢᠷᠪᠠ ᠯᠠᠮᠠᠪᠤᠭᠠᠢ᠂ ᠨᠣᠮᠣᠬᠠᠨ ᠪᠣᠷᠣ ᠶ᠋ᠢᠨ ᠬᠢᠨ ᠴᠢᠨᠦ ᠶᠡᠬᠡ ᠥᠬᠢᠨ ᠢ᠋ ᠲᠡᠷᠡ ᠵᠠᠯᠠᠭᠤᠴᠤᠳ ᠤ᠋ᠨ ᠡᠭᠦᠷ ᠭᠡᠳᠡᠭ ᠲᠦ᠍ ᠣᠷᠣ ᠭᠡᠵᠦ ᠰᠢᠬᠠᠬᠤ ᠪᠠᠢᠬᠤ᠂ ᠡᠰᠡ ᠵᠥᠪᠰᠢᠶᠡᠷᠡᠪᠡᠯ ᠪᠠᠷᠢᠵᠤ ᠠᠪᠤᠭᠠᠳ᠂ ᠬᠣᠢᠰᠢ ᠪᠠᠨ ᠣᠷᠣᠰ ᠭᠠᠵᠠᠷ ᠶᠠᠪᠤᠭᠤᠯᠬᠤ ᠪᠣᠢ ᠭᠡᠵᠦ ᠨᠠᠮᠠᠶ᠋ᠢ( ᠨᠠᠮ᠎ᠠ ᠶ᠋ᠢ) ᠠᠶᠤᠯᠭᠠᠯ᠎ᠠ ᠭᠡᠬᠦ ᠳ᠋ᠦ᠍ᠨᠢ(  ᠳ᠋ᠦ᠍ ᠨᠢ) ᠡᠪᠦᠭᠡᠨ ᠴᠡᠮᠪᠡᠢ᠂ 
       — ᠪᠠᠰᠠ ᠶᠠᠭᠤ ᠭᠡᠵᠦ ᠪᠠᠢᠨ᠎ᠠ᠂ ᠲᠡᠷᠡ ᠪᠠᠩᠵᠠᠯ ᠲᠠᠢ ᠴᠢᠳᠬᠥᠷ? ᠭᠡᠵᠦ ᠠᠰᠠᠭᠤᠪᠠ᠃ ᠲᠣᠭᠣ ᠰᠠᠨᠠᠭ᠎ᠠ ᠵᠣᠪᠠᠭᠰᠠᠨ ᠳ᠋ᠠᠭᠠᠨ(ᠳ᠋ᠤ᠌ ᠪᠠᠨ)᠂ ᠲᠡᠷᠡ ᠡᠪᠦᠭᠡᠨ ᠦ᠌᠂ ᠨᠢᠷᠪᠠ ᠶ᠋ᠢ ᠦᠯᠦ ᠲᠣᠭᠣᠮᠰᠠᠷᠯᠠᠬᠤ ᠪᠠᠢᠳᠠᠯ ᠢ᠋ ᠣᠭᠲᠣ ᠠᠵᠢᠭᠯᠠᠯ ᠦᠭᠡᠢ ᠨᠢᠷᠪᠠ ᠯᠠᠮᠠᠪᠤᠭᠠᠢ ᠪᠠᠰᠠ ᠬᠥᠮᠦᠨ ᠢ᠋ ᠲᠡᠷᠡ ᠨᠣᠮᠣᠬᠠᠨ ᠪᠣᠷᠣ ᠶ᠋ᠢᠨ ᠡᠭᠦᠷ ᠦ᠋ᠨ ᠭᠡᠰᠢᠭᠦᠨ ᠭᠡᠭᠴᠢ ᠨᠢ ᠪᠣᠯᠵᠤ᠂ ᠡᠮ᠎ᠡ ᠬᠥᠮᠦᠨ ᠦ᠌ ᠪᠤᠵᠠᠷ ᠥᠮᠥᠳᠥᠨ ᠳᠣᠭᠤᠤᠷ ᠰᠢᠷᠭᠤᠵᠤ ᠭᠠᠷᠪᠠᠯ᠂ ᠮᠠᠭᠤ ᠤᠪᠠᠳᠢᠰ ᠢ᠋ᠶ᠋ᠠᠷ ᠭᠡᠳᠡᠰᠦ ᠳᠣᠲᠣᠷ᠎ᠠ ᠨᠢ ᠪᠢᠴᠢᠬᠠᠨ ᠬᠥᠮᠦᠨ ᠶᠦᠮ ᠤᠤ᠂ ᠨᠣᠬᠠᠢ ᠶ᠋ᠢᠨ ᠭᠥᠯᠥᠭᠡ ᠪᠣᠢ ᠪᠣᠯᠵᠤ᠂ ᠲᠡᠷᠡ ᠪᠤᠵᠠᠷᠲᠤᠭᠰᠠᠨ ᠬᠥᠮᠦᠨ ᠦ᠌ ᠬᠠᠮᠤᠭ ᠪᠡᠶ᠎ᠡ ᠬᠠᠪᠤᠩᠨᠠᠳᠠᠭ ᠶᠤᠮ ᠭᠡᠵᠦ ᠬᠡᠯᠡᠭᠰᠡᠨ᠃ ᠳ᠋ᠠ ᠬᠦᠷᠢᠶᠡᠨ ᠳ᠋ᠦ᠍ ᠲᠡᠷᠡ ᠮᠠᠭᠤ ᠤᠪᠠᠳᠢᠰ ᠲᠤ᠌ ᠠᠪᠲᠠᠭᠳᠠᠵᠤ᠂ ᠪᠤᠷᠤᠭᠤ ᠦᠵᠡᠯ ᠲᠡᠢ ᠪᠣᠯᠤᠭᠰᠠᠨ ᠨᠢᠭᠡ ᠱᠠᠪᠢ ᠳ᠋ᠠᠭᠠᠨ (ᠳ᠋ᠤ᠌ ᠪᠠᠨ) ᠪᠠᠭᠰᠢ ᠯᠠᠮᠠ ᠨᠢ ᠠᠳᠢᠰ ᠲᠠᠢ ᠲᠤᠭᠤᠯᠭ᠎ᠠ ᠥᠭᠴᠦ᠂ ᠲᠡᠷᠡ ᠲᠤᠭᠤᠯᠭ᠎ᠠ ᠤᠤᠭᠤᠭᠠᠳ ᠥᠨᠥᠬᠢ ᠬᠠᠪᠤᠩᠨᠠᠭᠰᠠᠨ ᠱᠠᠪᠢ ᠨᠢ ᠭᠡᠳᠡᠰᠦ ᠬᠤᠷᠴᠢᠭᠢᠨᠠᠨ ᠤᠷᠤᠭᠤ ᠰᠠᠭᠤᠯᠭᠠᠭᠠᠳ᠂ ᠰᠢᠭᠡᠵᠡᠢ ᠬᠤᠷᠤᠭᠤᠨ ᠤ᠋ ᠴᠢᠨᠡᠭᠡ ᠪᠢᠴᠢᠬᠠᠨ ᠣᠷᠣᠰ ᠭᠠᠷᠴᠤ᠂ ᠲᠡᠭᠦᠨ ᠡᠴᠡ ᠬᠣᠢᠰᠢ ᠵᠥᠪ ᠵᠦᠭᠡᠷ ᠪᠣᠯᠤᠭᠠᠳ᠂ ᠤᠬᠠᠭᠠᠨ ᠡᠷᠡᠭᠦᠯ᠂ ᠤᠷᠢᠳᠤ ᠶ᠋ᠢᠨ ᠠᠳᠠᠯᠢ ᠪᠤᠷᠬᠠᠨ ᠨᠣᠮ  ᠳ᠋ᠠᠭᠠᠨ (ᠳ᠋ᠤ᠌ ᠪᠠᠨ) ᠰᠦᠰᠦᠭᠲᠡᠢ᠂ ᠡᠴᠢᠭᠡ ᠡᠬᠡ᠂ ᠯᠠᠮᠠ ᠪᠠᠭᠰᠢ ᠨᠠᠷ ᠢ᠋ ᠬᠦᠨᠳᠦᠳᠬᠡᠳᠡᠭ ᠪᠣᠯᠤᠭᠰᠠᠨ ᠪᠢᠯᠡ ᠭᠡᠵᠦ ᠨᠢᠷᠪᠠ ᠯᠠᠮᠠᠪᠤᠭᠠᠢ ᠶᠠᠷᠢᠵᠤ ᠥᠭᠭᠦᠭᠰᠡᠨ᠃   
       ᠲᠡᠭᠡᠭᠡᠳ᠂ ᠮᠢᠨᠦ ᠥᠬᠢᠨ ᠢ᠋ ᠲᠡᠷᠡ ᠮᠠᠭᠤ ᠤᠪᠠᠳᠢᠰ ᠠ᠋ᠴᠠ ᠵᠠᠢᠯᠠᠭᠤᠯᠵᠤ ᠯᠠᠮᠠ ᠶ᠋ᠢᠨ ᠭᠡᠭᠡᠭᠡᠨᠲᠡᠨ ᠦ᠌ ᠳᠡᠷᠭᠡᠳᠡ ᠪᠠᠢᠯᠭᠠᠬᠤ ᠦᠭᠡᠢ ᠪᠣᠯᠪᠠᠯ ᠪᠠᠰᠠ ᠲᠡᠢᠮᠦ ᠭᠠᠢ ᠵᠣᠪᠠᠯᠠᠩ ᠲᠣᠬᠢᠶᠠᠯᠳᠤᠭᠤᠵᠠᠢ ᠭᠡᠵᠦ ᠵᠠᠬᠢᠬᠤ ᠳ᠋ᠤᠨᠢ᠂ ᠮᠢᠨᠦ ᠰᠡᠳᠬᠢᠯ ᠵᠣᠪᠠᠵᠤ ᠪᠦᠯᠡᠬᠡ ᠵᠠᠯᠭᠢᠭᠰᠠᠨ ᠰᠢᠭ᠋ ᠪᠣᠯᠵᠤ ᠪᠠᠢᠨ᠎ᠠ ᠬᠡᠮᠡᠪᠡᠰᠦ ᠨᠢ᠂ ᠡᠪᠦᠭᠡᠨ ᠴᠡᠮᠪᠡᠢ ᠤᠨᠲᠤᠭᠤᠴᠠᠵᠤ᠂ 
       — ᠲᠦᠢ᠂ ᠭᠡᠵᠦ ᠨᠤᠯᠮᠤᠭᠠᠳ᠂ ᠴᠢ ᠲᠡᠷᠡ ᠭᠡᠭᠡᠬᠡᠨ ᠳ᠋ᠦ᠍ ᠡᠮᠡᠰ ᠥᠬᠢᠳ ᠨᠡᠢᠯᠡᠭᠦᠯᠵᠦ ᠥᠭᠳᠡᠭ ᠬᠥᠭᠰᠢᠨ ᠵᠠᠭᠤᠴᠢ ᠶ᠋ᠢᠨ ᠦᠭᠡᠨ ᠳ᠋ᠦ᠍ ᠢᠲᠡᠭᠡᠵᠦ ᠪᠠᠢᠭ᠎ᠠ ᠶᠤᠮ ᠤᠤ? ᠴᠢᠨᠦ ᠶᠡᠬᠡ ᠥᠬᠢᠨ ᠴᠢᠨᠢ ᠠᠲᠠᠷ ᠭᠠᠵᠠᠷ ᠤ᠋ᠨ ᠴᠡᠴᠡᠭ ᠰᠢᠭ᠂ ᠠᠷᠪᠠᠨ ᠲᠠᠪᠤᠨ ᠤ᠋ ᠰᠠᠷᠠ ᠰᠢᠭ᠋ ᠰᠠᠢᠬᠠᠨ ᠬᠥᠮᠦᠨ ᠪᠣᠯᠵᠤ᠂ ᠭᠡᠭᠡᠬᠡᠨ  ᠦ᠌ ᠲᠣᠴᠢᠭ ᠤ᠋ᠨ ᠰᠢᠯᠦᠰᠦ ᠭᠣᠭᠣᠵᠢᠵᠤ ᠪᠠᠢᠭ᠎ᠠ ᠬᠡᠷᠡᠭ ᠭᠡᠵᠦ ᠮᠡᠳᠡᠭᠡᠷᠡᠢ ᠭᠡᠬᠦ ᠳ᠋ᠦ᠍ᠨᠢ᠂ 
       — ᠵᠠ᠂ ᠶᠠᠷᠰᠢᠭ ᠳᠠ᠂ ᠨᠢᠭᠦᠯ ᠶᠦᠮ ᠪᠢᠰᠢᠦ ᠲᠡᠭᠡᠵᠦ ᠬᠡᠯᠡᠬᠦ ᠨᠢ ᠭᠡᠵᠦ ᠲᠣᠭᠣ ᠶ᠋ᠢᠨ ᠵᠢᠪᠡᠭᠦᠴᠡᠨ ᠭᠠᠢᠬᠠᠬᠤ ᠳ᠋ᠤ᠌᠂ 
       — ᠪᠢ ᠳᠥᠴᠢᠨ ᠵᠢᠯ  ᠭᠡᠭᠡᠬᠡᠨ  ᠱᠠᠩ ᠤ᠋ᠨ ᠬᠣᠨᠢᠴᠢᠨ ᠬᠢᠵᠦ ᠪᠠᠢᠨ᠎ᠠ᠃ ᠬᠣᠶᠠᠷ ᠳᠦᠷᠢ ᠶ᠋ᠢᠨ ᠭᠡᠭᠡᠬᠡᠨ ᠦ᠌ ᠡᠮᠦᠨ᠎ᠡ ᠰᠥᠭᠥᠳᠦᠨ ᠪᠥᠬᠥᠢᠭᠰᠡᠭᠡᠷ᠂  ᠭᠡᠭᠡᠬᠡᠨ ᠦ᠌ ᠥᠷᠥᠭᠡᠨ ᠳ᠋ᠦ᠍ᠨᠢ(ᠳ᠋ᠦ᠍ ᠨᠢ) ᠶᠠᠮᠠᠷ ᠰᠢᠦ ᠶᠠᠭᠤᠮ᠎ᠠ ᠪᠣᠯᠵᠤ ᠪᠠᠢᠳᠠᠭ ᠢ᠋ ᠳᠥᠴᠢᠨ ᠵᠢᠯ ᠦᠵᠡᠭᠰᠡᠭᠡᠷ ᠢᠷᠡᠯ᠎ᠡ᠃ ᠮᠠᠨ ᠤ᠋  ᠭᠡᠭᠡᠬᠡᠨ᠂ ᠶᠡᠬᠡᠰ ᠯᠠᠮᠠ ᠨᠠᠷ ᠠ᠋ᠴᠠ ᠢᠯᠡᠭᠦᠦ ᠨᠢᠭᠦᠯᠲᠡᠨ ᠨᠦ᠍ᠭᠦᠳ ᠡᠨᠡ ᠽᠠᠮᠪᠤᠲᠢᠪ ᠲᠤ᠌ ᠦᠭᠡᠢ ᠳᠠᠭ ᠠ᠋᠂ ᠪᠢ ᠲᠡᠳᠡᠨ ᠦ᠌ ᠰᠠᠳᠤᠷ ᠰᠠᠮᠠᠭᠤᠨ᠂ ᠪᠤᠵᠠᠷ ᠠᠵᠠᠷ ᠶᠠᠪᠤᠳᠠᠯ ᠢ᠋ ᠬᠠᠷᠠ ᠬᠠᠷᠠᠭᠰᠠᠭᠠᠷ ᠬᠤᠲᠤᠭᠲᠤ ᠬᠤᠪᠢᠯᠭᠠᠨ ᠭᠡᠳᠡᠭ ᠲᠦ᠍ ᠰᠦᠰᠦᠭ ᠢ᠋ᠶ᠋ᠡᠨ ᠬᠡᠳᠦᠢᠨᠡᠢ ᠠᠯᠳᠠᠵᠤ ᠣᠷᠬᠢᠭᠰᠠᠨ᠃ 
       ᠴᠢ ᠥᠪᠡᠷ ᠢ᠋ᠶ᠋ᠡᠨ ᠴᠦ᠍ ᠪᠣᠳᠣᠭᠠᠳ ᠦᠵᠡ᠂ ᠴᠢᠨᠦ ᠮᠡᠳᠡᠬᠦ ᠳ᠋ᠦ᠍᠂ ᠬᠡᠴᠢᠨᠡᠨ ᠬᠡᠦᠬᠡᠨ ᠢ᠋ ᠪᠤᠵᠠᠷᠯᠠᠵᠤ ᠬᠠᠶᠠᠭᠰᠠᠨ ᠪᠠᠢᠨ᠎ᠠ ᠳᠠ? ᠴᠢ ᠮᠠᠷᠲᠠᠵᠤ ᠤᠷᠭᠢᠪᠠᠤ? ᠠᠷᠪᠠᠭᠠᠳ ᠵᠢᠯ ᠦ᠋ᠨ ᠡᠮᠦᠨ᠎ᠡ ᠴᠢ ᠥᠪᠡᠷ ᠢ᠋ᠶ᠋ᠡᠨ ᠲᠡᠷᠡ ᠨᠢᠷᠪᠠ ᠶ᠋ᠢ ᠨᠠᠳᠠᠳᠤ ᠭᠣᠮᠣᠳᠠᠨ ᠮᠠᠭᠤᠯᠠᠵᠤ᠂ ᠶᠡᠬᠡ ᠥᠬᠢᠨ ᠢ᠋ ᠲᠣᠮᠣ ᠪᠣᠯᠬᠤ ᠳ᠋ᠤ᠌᠂ ᠰᠦᠨ ᠣᠪᠣᠭᠲᠤ ᠪᠦᠳᠦᠭᠦᠨ ᠳᠠᠩᠵᠢᠶᠠᠳ ᠤ᠋ᠨ ᠡᠪᠦᠷ ᠲᠦ᠍ ᠣᠷᠣᠭᠤᠯᠵᠤ ᠥᠭᠭᠦᠨ᠎ᠡ ᠭᠡᠵᠦ ᠬᠡᠯᠡᠭᠰᠡᠨ ᠳ᠋ᠦ᠍ᠨᠢ ᠬᠣᠷᠣᠰᠤᠨ ᠭᠣᠮᠣᠳᠠᠵᠤ ᠪᠠᠢᠭᠰᠠᠨ ᠪᠢᠰᠢ ᠪᠢᠯᠢᠤ? ᠲᠡᠷᠡ ᠪᠦᠳᠦᠭᠦᠨ ᠰᠦᠨ ᠣᠪᠣᠭᠲᠤ ᠳᠠᠩᠵᠢᠶᠠᠳ ᠪᠥᠭᠯᠡᠷᠡᠵᠦ ᠦᠬᠦᠭᠡᠳ᠂ ᠨᠢᠷᠪᠠ ᠣᠳᠣ ᠥᠬᠢᠨ ᠢ᠋ ᠴᠢᠨᠢ ᠭᠡᠭᠡᠬᠡᠨ ᠦ᠌ ᠡᠪᠦᠷ ᠲᠦ᠍ ᠣᠷᠣᠭᠤᠯᠵᠤ᠂ ᠤᠯᠠᠮ ᠨᠢᠭᠤᠷ ᠲᠠᠢ ᠪᠣᠯᠬᠤ ᠭᠡᠵᠦ ᠪᠠᠢᠭ᠎ᠠ ᠬᠡᠷᠡᠭ ᠭᠡᠬᠦ ᠳ᠋ᠦ᠍ᠨᠢ ᠲᠣᠭᠣ᠂ ᠡᠪᠦᠭᠡᠨ ᠴᠡᠮᠪᠡᠢ ᠶ᠋ᠢᠨ ᠥᠭᠡᠳᠡ ᠠ᠋ᠴᠠ ᠬᠡᠯᠡᠬᠦ ᠦᠭᠡ ᠣᠯᠳᠠᠵᠤ ᠥᠭᠭᠦᠭᠰᠡᠨ ᠦᠭᠡᠢ᠂ ᠳᠤᠭᠤᠢ ᠰᠠᠭᠤᠪᠠ᠃ 
       ᠳᠠᠩᠵᠢᠶᠠᠳ ᠨᠠᠷ ᠪᠢᠳᠡᠨ ᠢ᠋ ᠮᠠᠢᠮᠠᠢ ᠪᠠᠷ ᠢ᠋ᠶ᠋ᠠᠨ᠂ ᠯᠠᠮᠠ ᠨᠠᠷ ᠪᠢᠳᠡᠨ ᠢ᠋ ᠨᠣᠮ ᠢ᠋ᠶ᠋ᠠᠷ ᠢ᠋ᠶ᠋ᠠᠨ ᠮᠥᠯᠵᠢᠳᠡᠭ ᠪᠠᠢᠵᠠᠢ᠃ ᠣᠳᠣ ᠮᠠᠨ ᠤ᠋ ᠠᠷᠠᠳ ᠤ᠋ᠨ ᠵᠠᠰᠠᠭ ᠢ᠋ ᠨᠠᠷᠠᠨ ᠮᠡᠲᠦ ᠮᠠᠨᠳᠤᠨ ᠭᠠᠷᠴᠤ ᠢᠷᠡᠬᠦ ᠳ᠋ᠦ᠍᠂ ᠲᠡᠳᠡᠨ ᠦ᠌ ᠡᠷᠬᠡ ᠨᠢ ᠰᠢᠭᠦᠳᠡᠷᠢ ᠰᠢᠭ ᠪᠣᠯᠵᠤ᠂ ᠨᠠᠷᠠ ᠬᠥᠭᠡᠷᠬᠦ ᠳ᠋ᠦ᠍ ᠰᠢᠭᠦᠳᠡᠷᠢ ᠦᠭᠡᠢ ᠪᠣᠯᠳᠠᠭ ᠲᠠᠢ ᠠᠳᠠᠯᠢ ᠤᠰᠠᠳᠤᠨ᠎ᠠ ᠭᠡᠳᠡᠭ ᠢ᠋ᠶ᠋ᠡᠨ ᠮᠡᠳᠡᠭᠡᠳ᠂ ᠳᠠᠬᠢᠨ ᠬᠠᠭᠤᠴᠢᠨ ᠡᠵᠡᠷᠬᠡᠭ ᠲᠠᠰᠢ ᠪᠠᠨ ᠮᠤᠰᠬᠢᠬᠤ ᠭᠡᠵᠦ ᠪᠠᠢᠭ᠎ᠠ ᠬᠡᠷᠡᠭ᠃ ᠴᠢ ᠲᠤᠭᠤᠯᠤᠭᠰᠠᠨ ᠪᠢᠵᠡ ᠳᠡ᠂ ᠮᠠᠨ ᠤ᠋ ᠠᠷᠠᠳ ᠤ᠋ᠨ ᠵᠠᠰᠠᠭ ᠤ᠋ᠨ᠂ ᠪᠣᠭᠳᠠ ᠬᠠᠭᠠᠨ ᠲᠠᠢ ᠲᠠᠩᠭᠠᠷᠢᠭ ᠤ᠋ᠨ ᠭᠡᠷ᠎ᠡ ᠪᠠᠢᠭᠤᠯᠤᠭᠰᠠᠨ ᠢ᠋? ᠲᠡᠷᠡ ᠴᠢᠨᠢ᠂ ᠠᠷᠠᠳ ᠤ᠋ᠨ ᠵᠠᠰᠠᠭ᠂ ᠪᠣᠭᠳᠠ ᠬᠠᠭᠠᠨ ᠢ᠋ ᠱᠠᠰᠢᠨ ᠤ᠋ ᠦᠢᠯᠡᠰ ᠢ᠋ ᠡᠷᠬᠢᠯᠡᠬᠦ ᠳ᠋ᠦ᠍ ᠣᠭᠲᠣ ᠬᠣᠷᠢᠭ ᠰᠠᠭᠠᠳ ᠬᠢᠬᠦ ᠦᠭᠡᠢ᠂ ᠪᠤᠶᠠᠨ ᠤ᠋ ᠦᠢᠯᠡᠰ ᠢ᠋ ᠡᠷᠬᠢᠮᠯᠡᠵᠦ᠂ ᠣᠯᠠᠨ ᠯᠠᠮᠠ ᠬᠤᠸᠠᠷᠠᠭ ᠢ᠋ᠶ᠋ᠠᠷ ᠢ᠋ᠶ᠋ᠠᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠨᠣᠮ ᠤᠩᠰᠢᠭᠤᠯᠬᠤ ᠳ᠋ᠤ᠌ ᠰᠠᠭᠠᠳ ᠪᠦᠦ ᠬᠢᠶ᠎ᠡ᠂ ᠪᠣᠭᠳᠠ ᠬᠠᠭᠠᠨ ᠠᠷᠠᠳ ᠤ᠋ᠨ ᠵᠠᠰᠠᠭ ᠢ᠋ ᠠᠷᠠᠳ ᠣᠯᠠᠨ ᠤ᠋ ᠲᠤᠰᠠ ᠶ᠋ᠢ ᠡᠷᠬᠢᠯᠡᠬᠦ ᠲᠥᠷᠥ ᠶ᠋ᠢᠨ ᠬᠡᠷᠡᠭ ᠰᠢᠳᠬᠡᠬᠦ ᠳ᠋ᠦ᠍ ᠪᠦᠦ ᠰᠠᠭᠠᠳ ᠬᠢᠲᠦᠭᠡᠢ ᠭᠡᠰᠡᠨ ᠤᠴᠢᠷ ᠲᠠᠢ ᠶᠤᠮ ᠭᠡᠨ᠎ᠡ ᠪᠢᠯᠡ᠃ ᠲᠡᠷᠡ ᠭᠡᠷ᠎ᠡ ᠶ᠋ᠢᠨ ᠤᠴᠢᠷ ᠢ᠋ ᠨᠠᠳᠠᠳᠤ ᠰᠠᠢᠨ ᠮᠡᠳᠡᠬᠦ ᠬᠥᠮᠦᠨ ᠲᠠᠢᠯᠪᠤᠷᠢᠯᠠᠨ ᠬᠡᠯᠡᠵᠦ ᠥᠭᠭᠦᠭᠰᠡᠨ᠃ ᠲᠡᠷᠡ ᠬᠥᠮᠦᠨ᠂ ᠨᠢᠷᠪᠠ ᠯᠠᠮᠠᠪᠤᠭᠠᠢ ᠶ᠋ᠢᠨ ᠥᠨᠥᠬᠢ《ᠨᠣᠮᠣᠬᠠᠨ ᠪᠣᠷᠣ》 ᠭᠡᠳᠡᠭ ᠦ᠋ᠨ ᠨᠢᠭᠡ ᠨᠢ ᠶᠦᠮ ᠳᠡ᠃ ᠴᠢᠨᠦ ᠥᠬᠢᠨ ᠴᠢᠨᠢ ᠲᠡᠷᠡ ᠵᠠᠯᠠᠭᠤᠴᠤᠳ ᠤ᠋ᠨ ᠡᠭᠦᠷ ᠪᠠᠢᠭᠤᠯᠬᠤ ᠳ᠋ᠤ᠌ ᠣᠴᠢᠵᠤ᠂ ᠭᠡᠰᠢᠭᠦᠨ ᠪᠣᠯᠤᠭ ᠠ᠋᠃ ᠥᠲᠡᠯᠦᠭᠰᠡᠨ ᠪᠢ ᠴᠦ᠍ ᠭᠡᠰᠡᠨ ᠮᠠᠨ ᠤ᠋ ᠡᠨᠳᠡ ᠲᠡᠷᠡ《ᠨᠣᠮᠣᠬᠠᠨ ᠪᠣᠷᠣ》 ᠭᠡᠳᠡᠭ ᠦ᠋ᠨ ᠡᠭᠦᠷ ᠪᠣᠢ ᠪᠣᠯᠬᠤ ᠳ᠋ᠤ᠌ ᠨᠠᠮᠠᠶ᠋ᠢ ᠭᠡᠰᠢᠭᠦᠨ ᠪᠣᠯᠭᠠᠵᠤ ᠠᠪᠳᠠᠭ ᠶᠤᠮ ᠪᠣᠯ᠂ ᠪᠣᠯᠤᠨ᠎ᠠ ᠳᠠ᠃ ᠨᠢᠷᠪᠠ ᠯᠠᠮᠠᠪᠤᠭᠠᠢ᠂ ᠵᠦᠭᠡᠷ  ᠦᠭᠡᠢ ᠤᠷᠲᠤ ᠴᠢᠬᠢ ᠲᠡᠢ ᠶᠦᠮ ᠰᠢᠪ ᠳᠡ᠃ ᠡᠷᠳᠡᠨᠢ ᠪᠠᠨᠳᠢᠳᠠ ᠬᠤᠲᠤᠭᠲᠤ ᠶ᠋ᠢᠨ ᠱᠠᠪᠢ ᠨᠠᠷ ᠤ᠋ᠨ ᠨᠤᠲᠤᠭ ᠲᠤ᠌ ᠡᠭᠦᠷ ᠪᠠᠢᠭᠤᠯᠬᠤ ᠶ᠋ᠢ ᠬᠡᠳᠦᠢᠨ ᠳᠤᠭᠤᠯᠤᠭᠠᠳ ᠣᠷᠬᠢᠵᠠᠢ᠃ ᠴᠢᠨᠦ ᠰᠠᠨᠠᠭ᠎ᠠ ᠵᠣᠪᠠᠬᠤ ᠬᠡᠷᠡᠭ ᠦᠭᠡᠢ᠂ ᠴᠢ ᠪᠢᠳᠡ ᠬᠣᠶᠠᠷ ᠲᠤ᠌᠂ ᠲᠡᠷᠡ ᠡᠭᠦᠷ ᠪᠣᠢ ᠪᠣᠯᠤᠭᠰᠠᠨ ᠠ᠋ᠴᠠ ᠶᠡᠷᠦ ᠭᠡᠮ ᠬᠣᠣᠷ ᠪᠣᠯᠬᠤ ᠦᠭᠡᠢ᠃ ᠴᠢ᠂ ᠮᠢᠨᠦ ᠬᠤᠳᠠᠯᠴᠢ ᠶ᠋ᠢ ᠦᠵᠡᠭᠡᠷᠡᠢ᠃ ᠵᠣᠷ ᠦᠵᠡᠭᠰᠡᠨ ᠯᠠᠮᠠ ᠠ᠋ᠴᠠ ᠵᠣᠪᠠᠯᠠᠩ ᠦᠵᠡᠭᠰᠡᠨ ᠴᠢᠪᠠᠭᠠᠨᠴᠠ ᠳᠡᠭᠡᠷ᠎ᠡ ᠭᠡᠵᠦ᠂ ᠪᠢ ᠬᠡᠳᠦᠢ ᠨᠣᠮ ᠦᠭᠡᠢ ᠪᠣᠯᠪᠠᠴᠤ ᠨᠣᠮ ᠲᠠᠢ ᠨᠢᠷᠪᠠ ᠯᠠᠮᠠᠪᠤᠭᠠᠢ ᠠ᠋ᠴᠠ ᠡᠨᠡ ᠲᠤᠬᠠᠢ ᠢᠯᠡᠭᠦᠦ ᠮᠡᠳᠡᠭᠰᠡᠨ ᠪᠠᠢᠬᠤ ᠪᠣᠢ᠃ ᠰᠠᠢ᠍ᠢ(ᠰᠠᠶᠢ) ᠮᠠᠨ ᠤ᠋ ᠡᠭᠦᠪᠡᠷ ᠬᠠᠯᠠᠭᠤᠨ ᠷᠠᠰᠢᠶᠠᠨ ᠠ᠋ᠴᠠ ᠪᠤᠴᠠᠵᠤ ᠶᠠᠪᠤᠭᠰᠠᠨ ᠨᠢᠭᠡ ᠬᠥᠮᠦᠨ ᠥᠩᠭᠡᠷᠡᠵᠦ᠂ ᠮᠠᠨᠠᠢᠳᠤ( ᠮᠠᠨ ᠤ᠋ ᠳ᠋ᠤ᠌) ᠬᠣᠨᠣᠭᠠᠳ ᠶᠠᠪᠤᠭᠰᠠᠨ᠃ ᠲᠡᠷᠡ ᠬᠥᠮᠦᠨ᠂ ᠮᠢᠨᠦ ᠨᠢᠳᠦ ᠨᠡᠭᠡᠭᠡᠵᠦ ᠥᠭᠭᠦᠭᠰᠡᠨ  ᠪᠢᠯᠡ᠃ ᠦᠭᠡ ᠶ᠋ᠢ ᠨᠢ ᠢᠲᠡᠭᠡᠵᠦ ᠪᠣᠯᠬᠤᠢᠴᠠ ᠠᠴᠢ ᠲᠠᠢ ᠮᠡᠷᠭᠡᠨ᠂ ᠶᠣᠰᠣᠲᠠᠢ ᠬᠥᠮᠦᠨ ᠳᠡ᠃ ᠪᠠᠰᠠᠯᠠ(ᠪᠠᠰᠠ ᠯᠠ) ᠵᠣᠪᠠᠯᠠᠩ ᠶᠡᠬᠡ ᠦᠵᠡᠭᠰᠡᠨ ᠬᠥᠮᠦᠨ ᠪᠢᠯᠡ᠃ ᠮᠠᠨᠵᠤ ᠶ᠋ᠢᠨ ᠦᠶ᠎ᠡ ᠳ᠋ᠦ᠍ ᡀᠠ ᠪᠠᠢᠰᠠ ᠲᠡᠷᠡ ᠬᠥᠮᠦᠨ ᠢ᠋ᠶ᠋ᠡᠷ ᠵᠣᠯᠢᠭ ᠭᠠᠷᠭᠠᠭᠠᠳ᠂ ᠭᠠᠮᠢᠩ ᠤ᠋ᠨ ᠱᠣᠷᠣᠩ ᠳ᠋ᠤ᠌ ᠲᠠᠮᠤᠯᠠᠭᠠᠳ᠂ ᠪᠠᠷᠤᠨ ᠢ᠋ ᠬᠦᠷᠢᠶᠡᠨ ᠳ᠋ᠦ᠍ ᠣᠷᠣᠵᠤ ᠢᠷᠡᠬᠦ ᠳ᠋ᠦ᠍ ᠴᠡᠷᠢᠭ ᠨᠢ ᠲᠡᠷᠡ ᠬᠥᠮᠦᠨ ᠢ᠋ ᠫᠤᠤᠳᠠᠵᠤ᠂ ᠶᠣᠰᠣᠲᠠᠢ ᠦᠬᠦᠬᠦ ᠡᠴᠡ ᠪᠤᠰᠤᠳ ᠢ᠋ ᠴᠥᠮ ᠦᠵᠡᠭᠰᠡᠨ ᠬᠥᠮᠦᠨ ᠪᠢᠯᠡ᠃ ᠪᠢ ᠨᠢᠭᠡ ᠨᠠᠰᠤ ᠪᠠᠷ ᠢ᠋ᠶ᠋ᠠᠨ ᠯᠠᠮᠠ ᠶ᠋ᠢᠨ ᠭᠡᠭᠡᠬᠡᠨ  ᠦ᠌ ᠬᠣᠶᠠᠷ ᠳᠦᠷᠢ ᠶ᠋ᠢᠨ ᠬᠣᠨᠢᠴᠢᠨ ᠶᠠᠪᠤᠬᠤ ᠳ᠋ᠠᠭᠠᠨ ᠮᠡᠳᠡᠭᠡ ᠦᠭᠡᠢ ᠶᠠᠭᠤᠮ᠎ᠠ ᠶ᠋ᠢ ᠲᠡᠷᠡ ᠬᠥᠮᠦᠨ ᠡᠴᠡ ᠨᠢᠭᠡ ᠰᠥᠨᠢ ᠶ᠋ᠢᠨ ᠳᠣᠲᠣᠷ᠎ᠠ ᠮᠡᠳᠡᠵᠦ ᠠᠪᠤᠭᠰᠠᠨ ᠰᠢᠦ᠃ 
       ᠵᠠ᠂ ᠴᠠᠢ ᠴᠦ᠍ ᠪᠤᠴᠠᠯᠵᠠᠢ᠃ ᠬᠠᠭᠤᠴᠢᠨ ᠤ᠋ ᠦᠭᠡᠨ ᠳ᠋ᠦ᠍᠂ ᠪᠣᠯᠤᠭᠰᠠᠨ ᠠ᠋ᠴᠠ ᠠᠮᠰᠠᠭᠠᠳ᠂ ᠪᠤᠭᠤᠷᠤᠯ ᠠ᠋ᠴᠠ ᠦᠭᠡ ᠰᠣᠨᠣᠰ ᠭᠡᠳᠡᠭ᠃ ᠪᠤᠭᠤᠷᠤᠯ  ᠮᠢᠨᠦ ᠦᠭᠡ ᠰᠣᠨᠣᠰᠴᠤ ᠪᠠᠢᠲᠠᠯ᠎ᠠ ᠴᠢᠨᠢ᠂ ᠴᠠᠢ ᠮᠢᠨᠢ ᠪᠣᠯᠵᠠᠢ ᠭᠡᠵᠦ ᠡᠪᠦᠭᠡᠨ ᠴᠠᠢ ᠪᠠᠨ ᠠᠭᠤᠳᠠᠯᠵᠤ ᠭᠠᠷᠪᠠ᠃  
       ᠡᠪᠦᠭᠡᠨ ᠴᠡᠮᠪᠡᠢ ᠶ᠋ᠢᠨ ᠲᠡᠷᠡ ᠰᠠᠮᠪᠠᠭᠠᠲᠠᠢ ᠲᠠᠯᠪᠢᠭᠤᠨ ᠲᠥᠪ ᠦᠭᠡ ᠶ᠋ᠢ ᠰᠣᠨᠣᠰᠤᠭᠠᠳ᠂ ᠲᠣᠭᠣ ᠶ᠋ᠢᠨ ᠳᠣᠲᠣᠷ᠎ᠠ ᠣᠩᠭᠣᠢᠵᠤ᠂ 
       — ᠵᠠ᠂ ᠪᠢ  ᠨᠠᠷᠢᠨ ᠤᠴᠢᠷ ᠢ᠋ ᠭᠦᠢᠴᠡᠳ ᠡᠰᠡ ᠤᠬᠠᠪᠠᠴᠤ᠂ ᠠᠷᠠᠳ ᠪᠢᠳᠡᠨ ᠳ᠋ᠦ᠍ ᠲᠤᠰᠠᠲᠠᠢ ᠯᠠ ᠶᠤᠮ ᠪᠣᠯᠪᠠᠯ ᠶᠠᠭᠠᠮᠠᠢ᠂ ᠬᠡᠦᠬᠡᠨ ᠮᠢᠨᠢ ᠲᠡᠷᠡ ᠨᠣᠮᠣᠬᠠᠨ ᠪᠣᠷᠣ ᠶ᠋ᠢᠨ ᠨᠢᠭᠡ ᠨᠢ ᠪᠣᠯᠪᠠᠯ ᠪᠣᠯᠤᠭ ᠯᠠ ᠳᠠ ᠭᠡᠵᠦ ᠲᠡᠳᠡᠨ ᠡᠴᠡ ᠠᠶᠤᠨ ᠵᠣᠪᠠᠬᠤ ᠪᠠᠨ ᠪᠠᠢᠪᠠᠴᠤ᠂ ᠨᠡᠷ᠎ᠡ ᠶ᠋ᠢ ᠨᠢ ᠴᠡᠭᠡᠷᠯᠡ ᠭᠡᠰᠡᠨ ᠪᠣᠭᠳᠠ ᠶ᠋ᠢᠨ ᠯᠦᠨᠳᠦᠩ ᠡᠴᠡ ᠳᠠᠪᠠᠵᠤ᠂ ᠶᠣᠰᠣᠲᠠᠢ ᠨᠡᠷ᠎ᠡ ᠪᠡᠷ ᠨᠢ ᠨᠡᠷᠡᠯᠡᠯ ᠦᠭᠡᠢ ᠬᠡᠯᠡᠵᠡᠢ᠃  

— — — — 
 * ᠯᠠᠯᠤ ᠶ᠋ᠢᠨ ᠱᠠᠰᠢᠨᠲᠠᠨ ᠤ᠋ ᠰᠢᠲᠦᠭᠡᠨ᠃
 * ᠬᠦᠷᠢᠶ᠎ᠡ ᠴᠧᠮᠦ ᠭᠡᠵᠦ ᠶᠡᠬᠡ ᠬᠦᠷᠢᠶ᠎ᠡ ᠭᠡᠰᠡᠨ ᠢ᠋ ᠯᠠᠮᠠ ᠨᠠᠷ ᠲᠥᠪᠡᠳ ᠢ᠋ᠶ᠋ᠡᠷ ᠣᠷᠴᠢᠭᠤᠯᠤᠨ ᠬᠡᠷᠡᠭᠯᠡᠳᠡᠭ ᠪᠠᠢᠵᠠᠢ᠃
 * ᠮᠣᠩᠭᠣᠯ ᠢ᠋ᠶ᠋ᠠᠷ ᠰᠠᠨᠰᠠᠷ ᠤ᠋ᠨ ᠬᠦᠷᠳᠦ ᠭᠡᠳᠡᠭ ᠵᠢᠷᠤᠭ᠃ ᠶᠠᠰᠤᠲᠤ ᠮᠡᠯᠡᠬᠡᠢ ᠶ᠋ᠢᠨ ᠠᠮᠠ᠂ ᠳᠥᠷᠪᠡᠨ ᠰᠠᠪᠠᠷ ᠲᠤ᠌ ᠠᠳᠬᠤᠭᠤᠯᠤᠨ ᠵᠢᠷᠤᠳᠠᠭ ᠪᠠᠢᠵᠠᠢ᠃ 
 * ᠡᠳᠡᠭᠡᠷ ᠦᠭᠡ ᠥᠭᠦᠯᠡᠯ ᠢ᠋ ᠲᠡᠷᠡ ᠦᠶᠡᠰ ᠲᠦ᠍ ᠣᠢᠷᠠᠯᠴᠠᠭ᠎ᠠ ᠴᠠᠭ ᠤ᠋ᠨ ᠪᠢᠴᠢᠭ ᠬᠡᠪᠯᠡᠯ ᠡᠴᠡ ᠠᠪᠤᠭᠰᠠᠨ ᠪᠠᠷᠢᠮᠲᠠ ᠲᠠᠢ ᠵᠦᠢᠯ ᠪᠢᠯᠡ᠃   
 
          ᠦᠰᠦᠭ ᠠᠮᠢᠯᠠᠭᠤᠯᠤᠭᠴᠢ᠄ ᠣᠶᠤᠨᠪᠢᠯᠢᠭ᠌᠂ ᠤᠢᠭᠤᠷᠵᠢᠨ· ᠣᠳᠬᠣᠨᠪᠠᠪᠠ᠂ ᠣᠶᠤᠨᠪᠠᠲᠤ᠂ 
                                               ᠴᠤᠯᠮᠤᠨᠭᠡᠷᠡᠯ᠂ ᠪᠠᠳᠮᠠᠰᠡᠴᠡᠨ᠂ ᠪᠠᠯ
               ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠲ· ᠬᠦᠮᠦᠵᠢᠯᠲᠦ᠂ ᠴᠤᠯᠮᠤᠨᠭᠡᠷᠡᠯ᠂ ᠮᠥᠩᠭᠥᠨᠭᠣᠸ᠎ᠠ᠂ ᠪᠠᠯ 
                  ᠤᠩᠰᠢᠭᠴᠢ᠄ ᠨᠠᠰᠤᠨ᠌ᠦ᠌ᠯᠵᠡᠢ