ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠲᠠᠪᠤ Үүрийн туяа III – Б ᠂ Ренчин Гуравдугаар дэвтэр "Баялдаж олсон эх орон"-5
ᠲᠠᠪᠤ᠂ ᠠᠷᠠᠳ ᠤ᠋ᠨ ᠴᠢᠯᠦᠭᠡᠯᠡᠭᠴᠢ ᠴᠡᠷᠢᠭ ᠨᠡᠢᠰᠯᠡᠯ ᠬᠦᠷᠢᠶᠡᠨ ᠳ᠋ᠦ᠍ ᠣᠷᠣᠪᠠ
ᠣᠺᠲ᠋ᠣᠪᠧᠷ ᠦ᠋ᠨ ᠰᠠᠯᠬᠢᠨ ᠳ᠋ᠤ᠌ ᠮᠠᠨᠳᠤᠭᠰᠠᠨ ᠲᠤᠭ᠂
ᠡᠬᠡ ᠣᠷᠣᠨ ᠳ᠋ᠤ᠌ ᠮᠢᠨᠢ ᠢᠯᠠᠨ ᠨᠠᠮᠢᠯᠵᠠᠵᠤ ᠪᠠᠢᠨ᠎ᠠ᠃
ᠱᠠᠯᠧᠨ ᠠᠫᠬᠠᠢᠳ᠌ᠽᠧ
《ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ》 ᠭᠡᠭᠴᠢ ᠶ᠋ᠢᠨ ᠰᠠᠢᠳ ᠨᠣᠶᠠᠳ᠂ ᠵᠠᠰᠠᠭ ᠤ᠋ᠨ ᠭᠠᠵᠠᠷ ᠤ᠋ᠨ ᠣᠨᠴᠠ ᠴᠢᠬᠤᠯᠠ ᠬᠤᠷᠠᠯ ᠳ᠋ᠤ᠌ ᠬᠤᠷᠠᠯᠳᠤᠷᠠ ᠣᠯᠠᠨ᠎ᠠ ᠶ᠋ᠢᠨ ᠠᠷᠪᠠᠨ ᠨᠢᠭᠡᠨ ᠣᠨ ᠤ᠋ ᠵᠤᠨ ᠤ᠋ ᠳᠤᠮᠳᠠ ᠰᠠᠷ᠎ᠠ ᠶ᠋ᠢᠨ ᠬᠣᠷᠢᠨ ᠨᠠᠢ᠍ᠮᠠᠨ ᠤ᠋ ᠥᠷᠯᠥᠭᠡ ᠴᠤᠭᠯᠠᠵᠠᠢ᠃ ᠨᠣᠶᠠᠳ ᠰᠠᠢᠳ᠂ ᠲᠡᠳᠡᠨ ᠦ᠌ ᠪᠠᠷ᠎ᠠ ᠪᠣᠯᠤᠭᠴᠢ ᠳᠠᠭᠠᠯᠲᠠ ᠨᠠᠷ ᠤ᠋ᠨ ᠮᠣᠷᠢ ᠤᠨᠤᠭ᠎ᠠ᠂ ᠶᠠᠮᠤᠨ ᠤ᠋ ᠬᠠᠰᠢᠶᠠᠨ ᠤ᠋ ᠡᠮᠦᠨᠡᠬᠢ ᠤᠶᠠᠭᠠᠨ ᠤ᠋ ᠭᠠᠵᠠᠷ᠂ ᠳᠥᠷᠥᠭᠡ ᠪᠡᠨ ᠬᠠᠩᠭᠢᠨᠠᠭᠤᠯᠤᠨ ᠴᠢᠬᠢᠯᠴᠡᠨ ᠳᠦᠭᠦᠷᠴᠦ᠂ ᠬᠠᠭᠠᠯᠭᠠᠨ ᠤ᠋ ᠡᠮᠦᠨᠡᠬᠢ ᠭᠠᠵᠠᠷ ᠣᠯᠠᠨ ᠠᠭᠲᠠ ᠮᠣᠷᠢᠨ ᠤ᠋ ᠰᠢᠭᠡᠰᠦ᠂ ᠬᠥᠯᠥᠰᠥᠨ ᠦ᠌ ᠦᠨᠦᠷ ᠰᠦᠷᠡᠬᠡᠢ ᠬᠠᠩᠬᠤᠯᠪᠠ᠃
ᠬᠦᠷᠡᠯ ᠤᠯᠠᠭᠠᠨ ᠴᠢᠷᠠᠢ ᠲᠠᠢ ᠰᠠᠢᠳ ᠨᠣᠶᠠᠳ ᠬᠠᠷᠢᠯᠴᠠᠨ ᠮᠡᠬᠦᠢᠨ ᠶᠣᠰᠣᠯᠠᠯᠴᠠᠵᠤ᠂ ᠶᠠᠮᠤᠨ ᠤ᠋ ᠲᠣᠮᠣ ᠰᠡᠷᠢᠭᠦᠨ ᠭᠡᠷ ᠲᠦ᠍ ᠣᠷᠣᠭᠠᠳ᠂ ᠭᠠᠯᠴᠢ ᠨᠠᠷ ᠴᠠᠢ ᠴᠢᠪᠠᠭ᠎ᠠ᠂ ᠰᠢᠬᠢᠷ ᠪᠣᠣᠪᠣ ᠠᠪᠴᠢᠷᠠᠵᠤ ᠵᠣᠴᠢᠯᠠᠪᠠ᠃
ᠪᠠᠷᠠᠭᠤᠨ ᠠᠢᠮᠠᠭ ᠲᠤ᠌ ᠠᠯᠪᠠᠨ᠎ᠠ ᠪᠣᠢ ᠪᠦᠭᠦᠳᠡ ᠶᠡᠷᠦᠩᠬᠡᠢᠯᠡᠨ ᠵᠠᠬᠢᠷᠬᠤ ᠰᠠᠢᠳ ᠢ᠋ ᠬᠠᠮᠢᠶᠠᠷᠤᠭᠰᠠᠨ ᠶᠡᠷᠦᠩᠬᠡᠢ ᠰᠠᠢᠳ ᠳ᠋ᠤᠢᠩᠬᠤᠷ ᠬᠤᠲᠤᠭᠲᠤ ᠮᠠᠨᠵᠤᠰᠢᠷᠢ ᠯᠠᠮᠠ ᠴᠠᠷᠠᠨᠳᠣᠷᠵᠢ ᠬᠣᠢᠮᠣᠷ ᠲᠦᠰᠢᠯᠭᠡᠲᠦ ᠰᠠᠨᠳᠠᠯᠢ ᠳ᠋ᠤ᠌ ᠰᠠᠭᠤᠵᠤ ᠬᠤᠷᠠᠯ ᠢ᠋ ᠨᠡᠭᠡᠭᠡᠵᠡᠢ᠃ ᠪᠦᠭᠦᠳᠡ ᠶᠡᠷᠦᠩᠬᠡᠢᠯᠡᠨ ᠵᠠᠬᠢᠷᠬᠤ ᠰᠠᠢᠳ ᠢ᠋ ᠬᠠᠮᠢᠶᠠᠷᠤᠭᠰᠠᠨ ᠰᠠᠢᠳ ᠬᠤᠲᠤᠭᠲᠤ ᠴᠠᠷᠠᠨᠳᠣᠷᠵᠢ ᠶ᠋ᠢᠨ ᠴᠢᠷᠠᠢ ᠲᠡᠪᠡᠳᠡᠨ ᠰᠠᠨᠳᠤᠷᠤᠭᠰᠠᠨ ᠰᠢᠨᠵᠢ ᠲᠡᠢ᠂ ᠦᠭᠡ ᠡᠬᠢᠯᠡᠵᠦ ᠬᠡᠯᠡᠬᠦ ᠳ᠋ᠦ᠍ᠨᠢ( ᠳ᠋ᠦ᠍ ᠨᠢ) ᠬᠣᠭᠣᠯᠠᠢ ᠨᠢ ᠪᠠᠬᠠᠨ ᠴᠡᠴᠡᠷᠡᠰᠬᠢᠵᠦ᠂
— ᠲᠥᠷᠥ ᠶ᠋ᠢᠨ ᠡᠷᠬᠢᠮ ᠣᠯᠠᠨ ᠨᠣᠶᠠᠳ ᠰᠠᠢᠳ ᠠ᠋! ᠡᠨᠡ ᠴᠥᠪ ᠦ᠋ᠨ ᠴᠠᠭ ᠤ᠋ᠨ ᠪᠡᠷᠬᠡ ᠳ᠋ᠦ᠍ ᠲᠠ ᠪᠢᠳᠡ ᠲᠥᠷᠥ ᠶ᠋ᠢᠨ ᠨᠢᠭᠡ ᠴᠢᠬᠤᠯᠠ ᠬᠣᠢᠰᠢᠯᠠᠰᠢ ᠦᠭᠡᠢ ᠶᠠᠭᠠᠷᠠᠯᠲᠠᠢ ᠬᠡᠷᠡᠭ ᠢ᠋ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ ᠰᠠᠨᠠᠯ ᠨᠡᠢᠯᠡᠨ ᠲᠣᠭᠲᠠᠬᠤ ᠬᠡᠷᠡᠭᠲᠡᠢ ᠪᠣᠯᠵᠠᠢ᠃
ᠤᠯᠤᠰ ᠢ᠋ ᠮᠠᠨᠳᠤᠭᠤᠯᠤᠭᠴᠢ ᠶᠡᠬᠡ ᠵᠠᠩᠵᠤᠨ ᠪᠠᠷᠤᠨ᠂ ᠤᠮᠠᠷ᠎ᠠ ᠵᠦᠭ ᠶᠡᠬᠡ ᠴᠡᠷᠢᠭ ᠤᠳᠤᠷᠢᠳᠤᠨ ᠮᠣᠷᠳᠠᠭᠠᠳ ᠣᠷᠣᠰ ᠤᠯᠠᠭᠠᠨ ᠴᠡᠷᠢᠭ᠂ ᠰᠦᠬᠡᠪᠠᠭᠠᠲᠤᠷ᠂ ᠴᠣᠢᠪᠠᠯᠰᠠᠩ ᠤ᠋ᠨ ᠮᠣᠩᠭᠣᠯ ᠴᠡᠷᠢᠭ ᠲᠦ᠍ ᠶᠡᠬᠡᠳᠡ ᠳᠠᠷᠤᠭᠳᠠᠭᠰᠠᠨ ᠢ᠋ ᠲᠠ ᠪᠦᠬᠦᠨ ᠪᠡᠯᠡᠬᠡᠨ ᠲᠣᠯᠢᠯᠠᠭᠰᠠᠭᠠᠷ ᠪᠢᠵᠡ ᠠ᠋᠃ ᠪᠠᠷᠤᠨ ᠵᠠᠩᠵᠤᠨ ᠤ᠋ ᠳᠠᠷᠤᠭᠳᠠᠭᠰᠠᠨ ᠴᠡᠷᠢᠭ ᠡᠴᠡ ᠳᠥᠷᠪᠡᠨ ᠵᠦᠭ ᠨᠠᠢ᠍ᠮᠠᠨ ᠵᠣᠪᠬᠢᠰ ᠳᠠᠷᠬᠠᠨ ᠰᠠᠷᠨᠢᠭᠰᠠᠨ ᠮᠣᠩᠭᠣᠯ ᠴᠡᠷᠢᠭ ᠦ᠋ᠨ ᠡᠷᠡᠰ᠂ ᠭᠠᠭᠴᠠ ᠨᠢᠭᠡ ᠪᠡᠷ᠂ ᠬᠣᠶᠠᠷ ᠭᠤᠷᠪᠠ ᠪᠠᠷ ᠵᠡᠪᠰᠡᠭ ᠦ᠋ᠨ ᠬᠠᠮᠲᠤ ᠬᠦᠷᠢᠶᠡᠨ ᠳ᠋ᠦ᠍ ᠤᠪᠤᠨ ᠴᠤᠪᠤᠨ ᠢᠷᠡᠭᠰᠡᠭᠡᠷ ᠪᠠᠢᠨ᠎ᠠ᠃
ᠰᠦᠬᠡᠪᠠᠭᠠᠲᠤᠷ᠂ ᠣᠷᠣᠰ ᠲᠡᠮᠦᠷᠪᠠᠭᠠᠲᠤᠷ* ᠬᠣᠶᠠᠷ ᠤ᠋ᠨ ᠴᠡᠷᠢᠭ ᠪᠠᠷᠠᠭᠤᠨ ᠵᠦᠭ ᠲᠦ᠍ ᠴᠠᠭᠠᠨ ᠨᠠᠮ ᠤ᠋ᠨ ᠴᠡᠷᠢᠭ ᠢ᠋ ᠪᠠᠢᠯᠳᠤᠨ ᠳᠠᠷᠤᠭᠰᠠᠭᠠᠷ ᠪᠠᠢᠭ᠎ᠠ ᠶ᠋ᠢᠨ ᠮᠡᠳᠡᠭᠡ ᠰᠤᠷᠠᠭ ᠰᠣᠨᠣᠰᠳᠠᠨ ᠪᠣᠢ᠃
ᠣᠷᠣᠰ ᠤ᠋ᠨ ᠤᠯᠠᠭᠠᠨ ᠴᠡᠷᠢᠭ ᠦ᠋ᠨ ᠡᠷᠬᠡ ᠪᠠᠷᠢᠭᠴᠢᠳ ᠤ᠋ᠨ ᠢᠯᠡᠷᠬᠡᠢᠯᠡᠨ ᠵᠠᠷᠯᠠᠭᠰᠠᠨ ᠢ᠋ ᠦᠵᠡᠪᠡᠯ᠂ ᠪᠠᠷᠤᠨ ᠵᠠᠩᠵᠤᠨ ᠤ᠋ ᠣᠷᠣᠰ ᠤ᠋ᠨ ᠴᠠᠭᠠᠨ ᠨᠠᠮ ᠤ᠋ᠨ ᠴᠡᠷᠢᠭ ᠢ᠋ ᠳᠠᠷᠤᠨ ᠰᠥᠨᠥᠭᠡᠬᠦ ᠭᠡᠵᠦ ᠤᠯᠠᠭᠠᠨ ᠴᠡᠷᠢᠭ ᠮᠣᠩᠭᠣᠯ ᠭᠠᠵᠠᠷ ᠬᠢᠯᠢ ᠬᠢᠵᠠᠭᠠᠷ ᠳᠠᠪᠠᠵᠤ ᠣᠷᠣᠭᠰᠠᠨ ᠨᠢ ᠣᠳᠣ ᠰᠦᠬᠡᠪᠠᠭᠠᠲᠤᠷ ᠤ᠋ᠨ ᠴᠡᠷᠢᠭ ᠦ᠋ᠨ ᠬᠠᠮᠲᠤ ᠶᠡᠬᠡ ᠬᠦᠷᠢᠶᠡᠨ ᠦ᠌ ᠵᠦᠭ ᠠᠢᠰᠤᠢ᠃ ᠲᠠᠩᠨᠠᠭᠤᠯ ᠤ᠋ᠨ ᠮᠡᠳᠡᠭᠡ ᠶ᠋ᠢ ᠦᠵᠡᠪᠡᠯ᠂ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠳᠬᠡᠬᠦ ᠭᠠᠵᠠᠷ ᠭᠡᠭᠴᠢ ᠶ᠋ᠢᠨ ᠴᠡᠷᠢᠭ ᠨᠢ ᠣᠷᠣᠰ ᠤ᠋ᠨ ᠤᠯᠠᠭᠠᠨ ᠴᠡᠷᠢᠭ ᠦ᠋ᠨ ᠬᠠᠮᠲᠤ᠂ ᠡᠨᠡ ᠬᠣᠷᠢᠨ ᠳᠣᠯᠣᠭᠠᠨ ᠤ᠋ ᠣᠷᠣᠢ ᠦᠷᠮᠦᠭᠲᠠᠢ ᠳ᠋ᠤ᠌ ᠬᠦᠷᠴᠦ ᠪᠠᠭᠤᠳᠠᠯᠯᠠᠭᠰᠠᠨ ᠪᠠᠢᠵᠠᠢ᠃ ᠳᠡᠳ᠋ ᠵᠠᠩᠵᠤᠨ ᠴᠢᠩ ᠵᠢᠳᠬᠦᠯᠳᠦ ᠵᠠᠩᠵᠤᠨ ᠴᠢᠨ ᠸᠠᠩ ᠵᠠᠮᠪᠠᠯᠤᠩ* ᠲᠡᠳᠡᠨ ᠦ᠌ ᠵᠠᠮ ᠢ᠋ ᠬᠥᠨᠳᠡᠯᠡᠰᠦᠨ ᠪᠣᠭᠣᠵᠤ᠂ ᠬᠦᠷᠢᠶᠡᠨ᠎ᠡ ᠣᠷᠣᠭᠤᠯᠬᠤ ᠦᠭᠡᠢ ᠭᠡᠵᠦ ᠣᠷᠣᠯᠳᠣᠭᠠᠳ ᠬᠦᠴᠦᠨ ᠮᠣᠬᠣᠵᠤ᠂ ᠤᠷᠢᠳᠤ ᠰᠥᠨᠢ᠂ ᠮᠣᠩᠭᠣᠯ ᠵᠥᠪᠯᠡᠯᠲᠦ ᠴᠡᠷᠢᠭ ᠬᠦᠷᠢᠶᠡᠨ ᠳ᠋ᠦ᠍ ᠨᠡᠩ ᠣᠢᠷᠠᠲᠤᠭᠰᠠᠨ ᠴᠢᠮᠡᠭᠡ ᠣᠯᠵᠤ ᠰᠣᠨᠣᠰᠤᠮᠠᠭᠴᠠ ᠮᠤᠬᠤᠷ ᠲᠡᠷᠭᠡᠨ ᠳ᠋ᠦ᠍ ᠰᠠᠭᠤᠵᠤ᠂ ᠵᠠᠩᠵᠤᠨ ᠤ᠋ ᠲᠤᠭ ᠲᠠᠮᠠᠭ᠎ᠠ ᠠᠪᠴᠤ ᠵᠡᠭᠦᠨ ᠡᠮᠦᠨ᠎ᠡ ᠵᠦᠭ ᠵᠠᠢᠯᠠᠨ ᠣᠳᠴᠠᠢ᠃
ᠴᠠᠭᠠᠨ ᠨᠠᠮ ᠤ᠋ᠨ ᠴᠡᠷᠢᠭ ᠳᠡᠳ᠋ ᠵᠠᠩᠵᠤᠨ ᠢ᠋ ᠳᠠᠭᠠᠯᠳᠤᠨ᠂ ᠬᠦᠷᠢᠶᠡᠨ ᠳ᠋ᠦ᠍ ᠪᠠᠢᠭ᠎ᠠ ᠪᠦᠬᠦ ᠵᠠᠷ ᠵᠡᠪᠰᠡᠭ ᠢ᠋ ᠠᠪᠴᠤ ᠵᠠᠢᠯᠠᠨ ᠣᠳᠪᠠ᠃
ᠶᠡᠬᠡ ᠬᠦᠷᠢᠶᠡᠨ ᠦ᠌ ᠰᠢᠷ᠎ᠠ ᠴᠠᠢᠪᠤᠷ ᠯᠠᠮᠠ ᠨᠣᠶᠠᠳ᠂ ᠬᠠᠷᠠᠴᠤ ᠣᠯᠠᠨ ᠴᠥᠮ ᠬᠠᠮᠠᠭᠠᠯᠠᠬᠤ ᠥᠮᠥᠭ ᠲᠦᠰᠢᠭ ᠦᠭᠡᠢ ᠬᠣᠴᠣᠷᠴᠤ᠂ ᠪᠠᠷᠤᠨ ᠵᠠᠩᠵᠤᠨ ᠤ᠋ ᠶᠡᠬᠡ ᠴᠡᠷᠢᠭ ᠢ᠋ ᠳᠠᠷᠤᠨ ᠳᠡᠢᠯᠦᠭᠰᠡᠨ ᠬᠤᠷᠴᠠ ᠰᠦᠷᠲᠡᠢ ᠴᠡᠷᠢᠭ ᠬᠦᠷᠢᠶᠡᠨ᠎ᠡ ᠠᠢᠰᠤᠢ ᠶ᠋ᠢ ᠲᠡᠰᠬᠡᠯ ᠦᠭᠡᠢ ᠡᠮᠢᠶᠡᠨ ᠬᠦᠯᠢᠶᠡᠵᠦ᠂ ᠬᠡᠷᠬᠢᠬᠦ ᠶ᠋ᠢ ᠣᠯᠵᠤ ᠲᠤᠯᠭᠠᠭᠤᠷᠢᠯᠠᠬᠤ ᠦᠭᠡᠢ ᠪᠣᠯᠵᠠᠢ᠃
ᠪᠣᠭᠳᠠ ᠬᠠᠭᠠᠨ᠂ ᠭᠠᠮᠢᠩ ᠤ᠋ᠨ ᠤᠰᠠᠳᠬᠠᠭᠰᠠᠨ ᠡᠷᠬᠡ ᠮᠠᠲᠠᠯ ᠢ᠋ ᠡᠭᠡᠭᠦᠯᠦᠨ ᠣᠯᠵᠤ᠂ ᠡᠷᠳᠡᠨᠢ ᠶ᠋ᠢᠨ ᠰᠢᠷᠡᠭᠡᠨ᠎ᠡ ᠵᠠᠯᠠᠷᠠᠭᠰᠠᠨ ᠤᠴᠢᠷ᠂ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠳᠬᠡᠬᠦ ᠭᠠᠵᠠᠷ ᠭᠡᠭᠴᠢ ᠶ᠋ᠢ ᠴᠡᠷᠢᠭ ᠦ᠋ᠨ ᠵᠡᠪᠰᠡᠭ ᠬᠤᠷᠢᠶᠠᠵᠤ᠂ ᠪᠠᠢᠯᠳᠤᠭᠠᠨ ᠲᠡᠮᠡᠴᠡᠯ ᠢ᠋ ᠵᠣᠭᠰᠣᠭᠲᠤᠨ ᠭᠡᠵᠦ ᠵᠠᠷᠯᠢᠭ ᠪᠠᠭᠤᠯᠭᠠᠭᠰᠠᠨ ᠪᠣᠯᠪᠠᠴᠤ ᠲᠡᠷᠡ ᠠᠷᠠᠳ ᠤ᠋ᠨ ᠵᠠᠰᠠᠭ ᠤ᠋ᠨ ᠭᠠᠵᠠᠷ ᠭᠡᠭᠴᠢ ᠨᠢ ᠵᠠᠷᠯᠢᠭ ᠢ᠋ ᠦᠯᠦ ᠬᠠᠢᠬᠤᠷᠤᠨ᠂ ᠬᠦᠷᠢᠶᠡᠨ ᠦ᠌ ᠵᠦᠭ ᠶᠡᠬᠡ ᠴᠡᠷᠢᠭ ᠦ᠋ᠨ ᠬᠦᠴᠦ ᠪᠡᠷ ᠳᠠᠪᠰᠢᠨ ᠪᠠᠢᠭ᠎ᠠ ᠶ᠋ᠢ ᠲᠣᠯᠢᠯᠠᠭᠤᠯᠤᠶ᠎ᠠ᠃
ᠡᠷᠬᠢᠮ ᠲᠥᠷᠥ ᠶ᠋ᠢᠨ ᠡᠷᠳᠡᠮᠲᠡᠨ ᠣᠯᠠᠨ ᠰᠠᠢᠳ ᠨᠣᠶᠠᠳ ᠠ᠋! ᠡᠨᠡ ᠴᠢᠬᠤᠯᠠ ᠴᠠᠭ ᠲᠤ᠌ ᠪᠢᠳᠡ ᠪᠦᠬᠦᠨ ᠴᠣᠬᠣᠮ ᠬᠡᠷᠬᠢᠪᠡᠯ ᠵᠣᠬᠢᠬᠤ ᠶ᠋ᠢ ᠦᠭᠡ ᠰᠠᠨᠠᠯ ᠨᠡᠢᠯᠡᠨ ᠲᠣᠭᠲᠠᠬᠤ ᠬᠡᠷᠡᠭᠲᠡᠢ ᠪᠣᠯᠤᠯ᠎ᠠ᠃ ᠪᠢᠳᠡ ᠶᠠᠭᠠᠬᠢᠳᠠᠭ ᠪᠢᠯᠡ? ᠶᠠᠭᠠᠬᠢᠳᠠᠭ ᠪᠢᠯᠡ? ᠭᠡᠳ ᠲᠡᠭᠡᠵᠦ ᠰᠠᠨᠳᠤᠷᠤᠨ ᠲᠡᠭᠦᠰᠬᠡᠭᠰᠡᠨ ᠦᠭᠡᠨ ᠳ᠋ᠦ᠍ᠨᠢ ᠪᠠᠬᠠᠨ ᠭᠠᠢᠬᠠᠨ ᠰᠣᠴᠢᠭᠰᠠᠨ ᠰᠠᠢᠳ ᠨᠣᠶᠠᠳ ᠤ᠋ᠨ ᠬᠦᠷᠡᠩ ᠤᠯᠠᠭᠠᠨ ᠴᠢᠷᠠᠢ ᠶ᠋ᠢ ᠳᠠᠷᠠᠭᠠᠯᠠᠨ ᠬᠠᠷᠠᠪᠠᠯ᠂ ᠰᠦᠷ ᠢ᠋ ᠪᠠᠳᠠᠷᠠᠭᠤᠯᠤᠭᠴᠢ ᠵᠠᠩᠵᠤᠨ ᠴᠣᠯᠠ ᠲᠠᠢ ᠨᠠᠢᠳᠠᠨᠵᠠᠪ ᠬᠦᠩ ᠥᠭᠦᠯᠡᠷᠦᠨ᠂
— ᠬᠦᠷᠢᠶᠡᠨ ᠦ᠌ ᠣᠯᠠᠨ ᠢ᠋ ᠳᠠᠢᠴᠢᠯᠠᠵᠤ᠂ ᠪᠠᠷᠤᠨ ᠤ᠋ ᠴᠡᠷᠢᠭ ᠡᠴᠡ ᠡᠷᠭᠢᠵᠦ ᠢᠷᠡᠭᠰᠡᠨ ᠴᠡᠷᠢᠭ ᠦ᠋ᠨ ᠬᠦᠴᠦᠨ ᠢ᠋ ᠵᠤᠵᠠᠭᠠᠳᠬᠠᠨ᠂ ᠨᠡᠢᠰᠯᠡᠯ ᠢ᠋ ᠪᠠᠲᠤᠯᠠᠨ ᠬᠠᠮᠠᠭᠠᠯᠠᠶ᠎ᠠ ᠭᠡᠪᠡ᠃
— ᠲᠡᠭᠡᠵᠦ ᠬᠣᠭᠣᠰᠣᠨ ᠰᠦᠷ ᠪᠠᠳᠠᠷᠠᠭᠤᠯᠤᠭᠠᠳ ᠣᠳᠣ ᠣᠷᠣᠢᠲᠠᠵᠠᠢ ᠭᠡᠵᠦ ᠶᠣᠵᠣᠯᠠᠭᠠᠳ ᠴᠡᠷᠢᠭ ᠦ᠋ᠨ ᠶᠠᠮᠤᠨ ᠤ᠋ ᠰᠠᠢᠳ ᠸᠠᠩ ᠳᠣᠷᠵᠢᠴᠡᠷᠡᠨ ᠥᠭᠦᠯᠡᠷᠦᠨ᠂ ᠪᠠᠷᠤᠨ ᠤ᠋ ᠳᠠᠷᠤᠭᠳᠠᠭᠰᠠᠨ ᠴᠡᠷᠢᠭ ᠡᠴᠡ ᠤᠷᠭᠤᠵᠤ ᠢᠷᠡᠭᠰᠡᠨ ᠪᠣᠰᠬᠤᠯ᠂ ᠬᠦᠷᠢᠶᠡᠨ ᠦ᠌ ᠪᠣᠷᠣᠴᠤᠳ ᠲᠠᠢ ᠨᠡᠢᠯᠡᠭᠡᠳ᠂ ᠬᠡᠷᠬᠢᠨ ᠪᠠᠷᠤᠨ ᠤ᠋ ᠲᠤᠢᠯ ᠤ᠋ᠨ ᠮᠠᠨᠳᠤᠵᠤ ᠪᠠᠢᠬᠤ ᠴᠠᠭ ᠲᠤ᠌ ᠲᠡᠭᠦᠨ ᠢ᠋ ᠳᠠᠷᠤᠨ ᠰᠥᠨᠥᠭᠡᠭᠰᠡᠨ ᠴᠡᠷᠢᠭ ᠢ᠋ ᠡᠰᠡᠷᠭᠦᠴᠡᠵᠦ ᠴᠢᠳᠠᠬᠤ ᠪᠢᠯᠡ? ᠲᠡᠷᠡ ᠳᠡᠮᠡᠢ ᠦᠭᠡ ᠃ ᠪᠠᠰᠠ ᠬᠦᠷᠢᠶᠡᠨ ᠦ᠌ ᠠᠷᠠᠳ ᠤ᠋ᠳ᠂ ᠰᠦᠬᠡᠪᠠᠭᠠᠲᠤᠷ ᠢ᠋ ᠡᠰᠡᠷᠭᠦᠴᠡᠨ᠎ᠡ ᠭᠡᠵᠦ ᠭᠣᠷᠢᠳᠠᠵᠤ ᠪᠣᠯᠬᠤ ᠤᠤ ᠳᠠ? ᠭᠡᠪᠡᠯ᠂ ᠰᠢᠭᠦᠬᠦ ᠶᠠᠮᠤᠨ ᠤ᠋ ᠳᠡᠳ᠋ ᠰᠠᠢᠳ ᠬᠦᠷᠰᠦᠷᠦᠨᠵᠤᠩᠭᠤᠮᠪᠤ ᠥᠭᠦᠯᠡᠷᠦᠨ᠂
— ᠢᠯᠡᠷᠬᠡᠢ ᠡᠰᠡᠷᠭᠦᠴᠡᠯ ᠲᠠᠯᠪᠢᠪᠠᠯ᠂ ᠬᠦᠢᠰᠦ ᠲᠡᠮᠲᠡᠷᠢᠭᠦᠯᠬᠦ ᠶ᠋ᠢᠨ ᠠᠶᠤᠯ ᠪᠣᠢ᠃ ᠲᠡᠷᠡ ᠴᠠᠭ ᠲᠤ᠌ ᠬᠠᠰ ᠴᠢᠯᠠᠭᠤ ᠶ᠋ᠢ ᠢᠯᠭᠠᠬᠤ ᠦᠭᠡᠢ᠂ ᠳᠠᠷᠠᠭᠠᠯᠠᠨ ᠬᠢᠳᠤᠬᠤ ᠳ᠋ᠤ᠌ ᠬᠦᠷᠭᠡᠪᠡᠯ ᠬᠡᠷᠬᠢᠬᠦ ᠪᠢᠯᠡ? ᠲᠡᠭᠡᠭᠰᠡᠨ ᠡᠴᠡ ᠬᠠᠷᠢᠨ ᠤᠷᠢᠳᠠ ᠠ᠋ᠴᠠ ᠪᠣᠯᠭᠣᠮᠵᠢᠯᠠᠵᠤ᠂ ᠪᠠᠷᠤᠨ ᠤ᠋ ᠴᠡᠷᠢᠭ ᠡᠴᠡ ᠢᠷᠡᠭᠰᠡᠨ ᠡᠷᠡᠴᠦᠳ ᠦ᠋ᠨ ᠵᠡᠪᠰᠡᠭ ᠢ᠋ ᠡᠷᠲᠡᠬᠡᠨ ᠬᠤᠷᠢᠶᠠᠵᠤ᠂ ᠲᠤᠯᠤᠯᠳᠤᠭᠠᠨ ᠳ᠋ᠤ᠌ ᠡᠳᠦᠭᠦᠯᠬᠦ ᠶ᠋ᠢ ᠪᠣᠯᠭᠣᠮᠵᠢᠯᠠᠨ᠂ ᠬᠡᠷᠬᠢᠪᠡᠴᠦ ᠣᠷᠣᠰ ᠤ᠋ᠨ ᠤᠯᠠᠭᠠᠨ ᠴᠡᠷᠢᠭ᠂ ᠮᠣᠩᠭᠣᠯ ᠠᠷᠠᠳ ᠤ᠋ᠨ ᠨᠠᠮ ᠤ᠋ᠨ ᠴᠡᠷᠢᠭ ᠲᠡᠢ ᠡᠰᠡᠷᠭᠦᠴᠡᠵᠦ ᠪᠣᠯᠬᠤ ᠦᠭᠡᠢ ᠭᠡᠵᠦ ᠴᠢᠩᠳᠠᠯᠠᠨ ᠲᠤᠰᠢᠶᠠᠵᠤ ᠵᠠᠷᠯᠠᠨ ᠭᠦᠢᠴᠡᠳᠬᠡᠪᠡᠯ ᠵᠣᠬᠢᠬᠤ ᠪᠣᠯᠪᠠᠤ? ( ᠪᠣᠯᠪᠠ ᠤᠤ) ᠲᠡᠭᠡᠪᠡᠯ᠂ ᠳᠡᠢᠯᠦᠭᠰᠡᠨ ᠴᠡᠷᠢᠭ ᠦ᠋ᠨ ᠡᠷᠬᠡ ᠪᠠᠷᠢᠭᠴᠢᠳ ᠲᠠᠢ ᠤᠴᠢᠷ ᠬᠡᠯᠡᠯᠴᠡᠬᠦ ᠳ᠋ᠦ᠍᠂ ᠡᠷᠬᠡᠪᠰᠢ ᠳᠥᠭᠥᠮ ᠪᠠᠢᠬᠤ ᠪᠢᠵᠡ ᠭᠡᠵᠦ ᠰᠠᠨᠠᠯ ᠭᠠᠷᠭᠠᠯ᠎ᠠ᠃
— ᠪᠣᠭᠳᠠ ᠬᠠᠭᠠᠨ ᠳ᠋ᠤ᠌ ᠠᠢᠯᠠᠳᠬᠠᠵᠤ᠂ ᠭᠠᠨᠳᠠᠩ ᠬᠦᠷᠢᠶᠡᠨ ᠦ᠌᠂ ᠮᠥᠨ ᠲᠠᠰᠢᠰᠠᠮᠳᠠᠩᠯᠢᠩ ᠤ᠋ᠨ ᠯᠠᠮᠠ ᠨᠠᠷ ᠢ᠋ᠶ᠋ᠠᠷ ᠬᠦᠷᠢᠶᠡᠨ ᠦ᠌ ᠴᠣᠢᠵᠣᠩ ᠨᠣᠮ ᠤ᠋ᠨ ᠰᠠᠬᠢᠭᠤᠯᠰᠤᠨ ᠳ᠋ᠤ᠌ ᠳᠠᠭᠠᠳᠬᠠᠯ᠂ ᠨᠣᠮ ᠭᠦᠷᠢᠮ ᠬᠢᠯᠭᠡᠵᠦ᠂ ᠶᠡᠬᠡ ᠬᠦᠷᠢᠶ᠎ᠡ ᠶ᠋ᠢ ᠡᠵᠡᠯᠡᠷ᠎ᠡ ᠳᠠᠪᠰᠢᠨ ᠪᠠᠢᠭ᠎ᠠ ᠴᠡᠷᠢᠭ ᠦ᠋ᠨ ᠲᠣᠭᠰᠢᠨ ᠰᠦᠷ ᠢ᠋ ᠳᠠᠷᠤᠵᠤ᠂ ᠱᠠᠰᠢᠨ ᠲᠥᠷᠥ ᠶ᠋ᠢᠨ ᠥᠮᠥᠭ ᠭᠡᠰᠡᠷ ᠬᠠᠭᠠᠨ᠂ ᠣᠯᠠᠨ ᠰᠠᠬᠢᠭᠤᠯᠰᠤᠨ ᠤ᠋ ᠴᠢᠳᠠᠯ ᠢ᠋ᠶ᠋ᠠᠷ ᠲᠡᠷᠡ ᠴᠡᠷᠢᠭ ᠦ᠋ᠨ ᠰᠦᠷ ᠬᠦᠴᠦ ᠶ᠋ᠢ ᠳᠣᠲᠣᠭᠤᠷ ᠳᠠᠷᠤᠭᠤᠯᠬᠤ ᠲᠤᠬᠠᠢ ᠵᠠᠷᠯᠢᠭ ᠯᠦᠨᠳᠦᠩ (ᠯᠦᠩᠳᠦ᠋ᠩ)ᠪᠠᠭᠤᠯᠭᠠᠬᠤ ᠶ᠋ᠢ ᠪᠣᠭᠣᠯ ᠱᠠᠪᠢ ᠨᠠᠷ ᠪᠢᠳᠡ ᠨᠢᠭᠡ ᠰᠡᠳᠬᠢᠯ ᠢ᠋ᠶ᠋ᠡᠷ ᠠᠢᠯᠠᠳᠬᠠᠨ ᠭᠤᠶᠤᠪᠠᠯ ᠶᠠᠮᠠᠷ? ᠭᠡᠵᠦ ᠭᠠᠳᠠᠭᠠᠳᠤ ᠶᠠᠮᠤᠨ ᠤ᠋ ᠰᠠᠢᠳ᠂ ᠶᠡᠬᠡ ᠱᠠᠪᠢ ᠶ᠋ᠢᠨ ᠡᠷᠳᠡᠨᠢ ᠱᠠᠨᠭᠡᠵᠠᠪ(ᠱᠠᠩᠵᠤᠳᠪᠠ) ᠴᠢᠨ ᠸᠠᠩ ᠯᠠᠮᠠ ᠳᠠᠰᠢᠵᠠᠪ ᠰᠠᠨᠠᠯ ᠭᠠᠷᠭᠠᠵᠠᠢ᠃
ᠮᠠᠨᠵᠤᠰᠢᠷᠢ ᠬᠤᠲᠤᠭᠲᠤ᠂ ᠣᠯᠠᠨ ᠰᠠᠢᠳ ᠨᠣᠶᠠᠳ ᠤ᠋ᠨ ᠰᠠᠨᠠᠯ ᠢ᠋ ᠨᠢᠳᠦ ᠪᠡᠨ ᠠᠨᠢᠰᠬᠢᠵᠤ ᠪᠢᠰᠢᠯᠭᠠᠨ ᠪᠣᠳᠣᠬᠤ ᠳᠦᠷᠢᠮ ᠦᠵᠡᠭᠦᠯᠦᠨ ᠰᠣᠨᠣᠰᠴᠤ᠂ ᠲᠠᠪᠤᠨ ᠶᠠᠮᠤᠨ ᠤ᠋ ᠵᠢᠩᠬᠢᠨᠢ ᠳᠡᠳ᠋ ᠰᠠᠢᠳ ᠤ᠋ᠨ ᠰᠠᠨᠠᠯ ᠬᠡᠯᠡᠵᠦ ᠭᠦᠢᠴᠡᠮᠡᠭᠴᠡ᠂ ᠠᠭᠠᠵᠢᠮ ᠢ᠋ᠶ᠋ᠠᠷ ᠨᠢᠳᠦ ᠪᠡᠨ ᠨᠡᠭᠡᠭᠡᠨ᠂ ᠲᠣᠯᠣᠭᠠᠢ ᠪᠠᠨ ᠬᠥᠳᠡᠯᠭᠡᠯ ᠦᠭᠡᠢ᠂ ᠭᠡᠷ ᠦ᠋ᠨ ᠳᠣᠲᠣᠷ᠎ᠠ ᠬᠤᠷᠠᠨ ᠴᠤᠭᠯᠠᠭᠴᠢᠳ ᠢ᠋ ᠳᠠᠷᠠᠭᠠᠯᠠᠨ ᠬᠠᠷᠠᠵᠤ᠂
— ᠲᠥᠷᠥ ᠶ᠋ᠢᠨ ᠡᠷᠬᠢᠮ ᠣᠯᠠᠨ ᠨᠣᠶᠠᠳ ᠰᠠᠢᠳ! ᠮᠠᠨ ᠤ᠋ ᠱᠠᠰᠢᠨ ᠡᠷᠳᠡᠨᠢ᠂ ᠣᠯᠠᠨ ᠠᠮᠢᠲᠠᠨ ᠤ᠋ ᠲᠤᠰᠠ ᠶ᠋ᠢᠨ ᠲᠤᠯᠠᠳᠠ ᠵᠣᠷᠢᠭᠤᠯᠤᠭᠰᠠᠨ ᠲᠠ ᠪᠦᠬᠦᠨ ᠦ᠌ ᠮᠡᠷᠭᠡᠨ ᠰᠠᠨᠠᠯ ᠢ᠋ ᠪᠢ ᠴᠢᠬᠢᠨ ᠳ᠋ᠡᠭᠡᠨ( ᠳ᠋ᠦ᠍ ᠪᠡᠨ) ᠰᠢᠩᠭᠡᠭᠡᠯᠡ᠃ ᠨᠣᠮᠣᠬᠠᠨ ᠬᠦᠯᠢᠴᠡᠩᠭᠦᠢ ᠪᠡᠷ ᠠᠶᠠᠰ ᠢ᠋ ᠳᠠᠭᠠᠬᠤ ᠨᠢ ᠪᠠᠭᠤᠷᠠᠢ ᠡᠲᠡᠭᠡᠳ ᠦ᠋ᠨ ᠭᠠᠭᠴᠠ ᠰᠢᠲᠦᠬᠦ ᠠᠷᠭ᠎ᠠ ᠪᠢᠯᠡ᠃ ᠤᠷᠭᠤᠭ᠎ᠠ ᠶᠡᠬᠡ ᠮᠣᠳᠣ ᠶ᠋ᠢ ᠣᠷᠪᠣᠨ(ᠣᠷᠪᠣᠩ) ᠢ᠋ᠶ᠋ᠠᠷ ᠨᠢ ᠰᠤᠭᠤ ᠲᠠᠲᠠᠬᠤ ᠳᠣᠭᠰᠢᠨ ᠰᠠᠯᠬᠢ᠂ ᠠᠶᠠᠰ ᠠᠮᠢᠰᠬᠤᠯ ᠢ᠋ ᠨᠢ ᠳᠠᠭᠠᠬᠤ ᠡᠪᠡᠰᠦᠨ ᠳ᠋ᠦ᠍ ᠭᠡᠮ ᠬᠣᠣᠷ ᠪᠣᠯᠳᠠᠭ ᠦᠭᠡᠢ ᠶ᠋ᠢᠨ ᠦᠯᠢᠭᠡᠷ ᠵᠢᠱ᠌ᠢᠶ᠎ᠡ ᠪᠣᠢ᠃
ᠡᠨᠳᠡ ᠬᠤᠷᠠᠨ ᠴᠤᠭᠯᠠᠭᠰᠠᠨ ᠲᠥᠷᠥ ᠶ᠋ᠢᠨ ᠡᠷᠬᠢᠮ ᠣᠯᠠᠨ ᠨᠣᠶᠠᠳ ᠰᠠᠢᠳ ᠲᠠ ᠪᠦᠭᠦᠳᠡ ᠶ᠋ᠢᠨ ᠰᠠᠨᠠᠯ ᠢ᠋ ᠨᠢᠭᠡᠨᠠ ᠬᠣᠷᠢᠶᠠᠨ ᠲᠣᠪᠴᠢᠯᠠᠵᠤ᠂ ᠴᠡᠷᠢᠭ᠂ ᠳᠣᠲᠣᠭᠠᠳᠤ ᠶᠠᠪᠤᠳᠠᠯ ᠤ᠋ᠨ ᠶᠠᠮᠤᠨ ᠤ᠋ ᠬᠣᠶᠠᠷ ᠰᠠᠢᠳ ᠲᠤ᠌ ᠰᠦᠬᠡᠪᠠᠭᠠᠲᠤᠷ ᠤ᠋ᠨ ᠠᠷᠠᠳ ᠤ᠋ᠨ ᠨᠠᠮ ᠤ᠋ᠨ ᠴᠡᠷᠢᠭ᠂ ᠣᠷᠣᠰ ᠤ᠋ᠨ ᠤᠯᠠᠭᠠᠨ ᠴᠡᠷᠢᠭ ᠦ᠋ᠨ ᠥᠭᠡᠳᠡ ᠡᠴᠡ ᠣᠭᠲᠣ ᠡᠰᠡᠷᠭᠦᠴᠡᠨ ᠲᠡᠮᠡᠴᠡᠵᠦ ᠪᠣᠯᠬᠤ ᠦᠭᠡᠢ ᠭᠡᠵᠦ ᠵᠠᠷᠯᠠᠨ ᠲᠤᠰᠢᠶᠠᠵᠤ᠂ ᠪᠠᠰᠠ ᠪᠠᠷᠤᠨ ᠵᠠᠩᠵᠤᠨ ᠤ᠋ ᠴᠡᠷᠢᠭ ᠡᠴᠡ ᠪᠤᠴᠠᠵᠤ ᠬᠦᠷᠢᠶᠡᠨ᠎ᠡ ᠢᠷᠡᠭᠰᠡᠨ ᠮᠣᠩᠭᠣᠯ ᠴᠡᠷᠢᠭ ᠦ᠋ᠨ ᠫᠤᠤ ᠵᠡᠪᠰᠡᠭ ᠢ᠋ ᠵᠡᠪᠰᠡᠭ ᠦ᠋ᠨ ᠭᠠᠵᠠᠷ ᠲᠤᠰᠢᠶᠠᠨ ᠬᠤᠷᠢᠶᠠᠯᠭᠠᠪᠠᠯ ᠵᠣᠬᠢᠬᠤ ᠶ᠋ᠢ ᠴᠢᠩᠳᠠᠯᠠᠨ ᠲᠤᠰᠢᠶᠠᠯᠭᠠᠶᠠ᠃
ᠮᠢᠨᠦ ᠪᠡᠶ᠎ᠡ᠂ ᠱᠠᠪᠢ ᠪᠣᠭᠣᠯ ᠪᠢᠳᠡ ᠪᠦᠭᠦᠳᠡ ᠶ᠋ᠢᠨ ᠰᠠᠨᠠᠯ ᠨᠡᠢᠯᠡᠨ ᠭᠤᠶᠤᠵᠤ ᠠᠢᠯᠠᠳᠬᠠᠬᠤ ᠬᠦᠰᠡᠯ ᠢ᠋ ᠪᠣᠭᠳᠠ ᠬᠠᠭᠠᠨ ᠳ᠋ᠤ᠌ ᠠᠢᠯᠠᠳᠬᠠᠵᠤ᠂ ᠬᠦᠷᠢᠶ᠎ᠡ ᠶ᠋ᠢ ᠡᠵᠡᠯᠡᠷ᠎ᠡ ᠳᠠᠪᠰᠢᠵᠤ ᠪᠠᠢᠭ᠎ᠠ ᠪᠤᠷᠤᠭᠤ ᠨᠣᠮᠲᠠᠨ ᠴᠡᠷᠢᠭ ᠦ᠋ᠨ ᠳᠣᠭᠰᠢᠨ ᠰᠦᠷ ᠢ᠋ ᠳᠠᠷᠤᠨ ᠨᠣᠮᠣᠭᠠᠳᠬᠠᠬᠤ ᠶ᠋ᠢᠨ ᠲᠤᠯᠠᠳᠠ᠂ ᠬᠦᠷᠢᠶ᠎ᠡ ᠬᠡᠢᠳ ᠦ᠋ᠨ ᠨᠣᠮ ᠤ᠋ᠨ ᠰᠠᠬᠢᠭᠤᠯᠰᠤᠨ ᠳ᠋ᠤ᠌ ᠭᠦᠷᠢᠮ ᠨᠣᠮ ᠤᠩᠰᠢᠬᠤ ᠲᠤᠬᠠᠢ᠂ ᠭᠠᠩᠳᠠᠨ ᠬᠦᠷᠢᠶᠡᠨ ᠦ᠌ ᠯᠠᠮᠠ ᠨᠠᠷ ᠲᠤ᠌᠂ ᠮᠥᠨ ᠮᠠᠢᠮᠠᠢ ᠬᠣᠲᠠ ᠶ᠋ᠢᠨ ᠲᠠᠰᠢᠰᠠᠮᠳᠠᠨᠯᠢᠩ ᠳᠠᠴᠠᠩ ᠤ᠋ᠨ ᠯᠠᠮᠠ ᠬᠤᠸᠠᠷᠠᠭ ᠢ᠋ᠶ᠋ᠠᠷ ᠠᠷᠪᠠᠨ ᠵᠦᠭ ᠦ᠋ᠨ ᠬᠣᠣᠷ ᠤ᠋ᠨ ᠦᠨᠳᠦᠰᠦ ᠶ᠋ᠢ ᠲᠠᠰᠤᠯᠤᠭᠴᠢ ᠠᠶᠤᠬᠤ ᠮᠡᠲᠦ ᠳᠣᠭᠰᠢᠨ ᠭᠡᠰᠡᠷ ᠬᠠᠭᠠᠨ ᠢ᠋ ᠲᠠᠬᠢᠭᠤᠯᠬᠤ ᠵᠠᠷᠯᠢᠭ ᠯᠥᠨᠳᠥᠩ(ᠯᠦᠩᠳᠦ᠋ᠩ) ᠪᠠᠭᠤᠯᠭᠠᠬᠤ ᠶ᠋ᠢ ᠠᠢᠯᠠᠳᠬᠠᠶ᠎ᠠ᠃ ᠮᠢᠨᠦ ᠬᠠᠷᠢᠶᠠᠲᠤ ᠬᠡᠢᠳ ᠦ᠋ᠨ ᠣᠯᠠᠨ ᠱᠠᠪᠢ ᠨᠠᠷ ᠤ᠋ᠨ ᠬᠠᠮᠲᠤ ᠳᠠᠭᠠᠳᠬᠠᠯ ᠬᠢᠵᠦ᠂ ᠴᠥᠪ ᠦ᠋ᠨ ᠴᠠᠭ ᠤ᠋ᠨ ᠠᠶᠤᠯ ᠵᠣᠪᠠᠯᠠᠩ ᠠ᠋ᠴᠠ ᠲᠥᠷᠥ ᠶ᠋ᠢᠨ ᠡᠷᠬᠢᠮ ᠨᠣᠶᠠᠳ ᠰᠠᠢᠳ ᠢ᠋ ᠭᠡᠲᠦᠯᠭᠡᠨ ᠰᠣᠶᠣᠷᠬᠠᠬᠤ ᠶ᠋ᠢ ᠰᠠᠬᠢᠭᠤᠯᠰᠤᠨ᠎ᠠ ᠵᠠᠯᠪᠠᠷᠢᠨ᠂ ᠨᠣᠮ ᠭᠦᠷᠢᠮ ᠬᠢᠯᠭᠡᠰᠦᠭᠡᠢ ᠭᠡᠵᠡᠢ᠃
ᠮᠥᠨᠬᠦ(ᠮᠥᠨ ᠬᠦ᠌) ᠡᠳᠦᠷ ᠨᠢᠳᠦ ᠦᠭᠡᠢ ᠪᠠᠯᠠᠢ ᠬᠠᠭᠠᠨ᠂ ᠭᠠᠨᠳᠠᠩ ᠬᠦᠷᠢᠶ᠎ᠡ᠂ ᠮᠠᠢᠮᠠᠢ ᠶ᠋ᠢᠨ ᠲᠠᠰᠢᠰᠠᠮᠲᠠᠩᠯᠢᠩ ᠤ᠋ᠨ ᠯᠠᠮᠠ ᠨᠠᠷ ᠲᠤ᠌ ᠶᠠᠭᠠᠷᠠᠯᠲᠠᠢ ᠵᠠᠷᠯᠢᠭ ᠯᠥᠨᠳᠥᠩ(ᠯᠦᠩᠳᠣᠩ) ᠪᠠᠭᠤᠯᠭᠠᠵᠤ᠂ ᠴᠣᠢᠵᠣᠩ ᠨᠣᠮ ᠤ᠋ᠨ ᠲᠣᠭᠰᠢᠨ ᠰᠠᠬᠢᠭᠤᠯᠰᠤ᠂ ᠭᠡᠰᠡᠷ ᠬᠠᠭᠠᠨ ᠵᠡᠷᠭᠡ ᠶ᠋ᠢ ᠲᠠᠬᠢᠭᠤᠯᠤᠨ᠂ ᠨᠣᠮ ᠭᠦᠷᠢᠮ ᠤᠩᠰᠢᠭᠤᠯᠵᠤ᠂ ᠰᠤᠷ ᠵᠠᠯᠠᠭᠤᠯᠤᠨ᠂ ᠲᠡᠷᠡᠬᠦ (ᠲᠡᠷᠡ ᠬᠦ᠌)ᠬᠦᠷᠢᠶ᠎ᠡ ᠶ᠋ᠢ ᠡᠵᠡᠯᠡᠷ᠎ᠡ ᠲᠠᠪᠰᠢᠨ ᠠᠢᠰᠤᠢ ᠴᠡᠷᠢᠭ ᠦ᠋ᠨ ᠳᠣᠭᠰᠢᠨ ᠰᠦᠷ ᠢ᠋ ᠨᠣᠮᠣᠭᠠᠳᠬᠠᠨ ᠳᠠᠷᠤᠭᠤᠯᠬᠤ ᠶ᠋ᠢ ᠮᠤᠬᠤᠷ ᠰᠦᠰᠦᠭ ᠦ᠋ᠨ ᠡᠭᠦᠳᠡᠨ ᠡᠴᠡ ᠣᠷᠣᠯᠳᠣᠵᠠᠢ᠃
ᠭᠦᠷᠢᠮ ᠨᠣᠮ ᠤ᠋ᠨ ᠴᠢᠳᠠᠯ ᠳ᠋ᠤ᠌ ᠪᠢᠰᠢᠷᠡᠵᠦ᠂ ᠦᠭᠡ ᠶ᠋ᠢᠨ ᠰᠢᠳᠢ ᠳ᠋ᠦ᠍ ᠢᠲᠡᠭᠡᠭᠴᠢ ᠨᠢᠳᠦᠨ ᠪᠠᠯᠠᠢ ᠬᠠᠭᠠᠨ᠂ ᠵᠥᠪᠯᠡᠯᠲᠦ ᠶ᠋ᠢᠨ ᠤᠯᠠᠭᠠᠨ ᠴᠡᠷᠢᠭ ᠦ᠋ᠨ ᠰᠦᠷ ᠬᠦᠴᠦᠨ ᠢ᠋ ᠳᠠᠷᠤᠵᠤ᠂ ᠬᠣᠣᠷ ᠦᠭᠡᠢ ᠪᠣᠯᠭᠠᠨ ᠨᠣᠮᠣᠭᠠᠳᠬᠠᠬᠤ ᠭᠡᠵᠦ《ᠨᠣᠮᠣᠬᠠᠨ ᠪᠣᠷᠣ》 ᠭᠡᠵᠦ ᠨᠡᠷᠡᠯᠡᠲᠦᠭᠡᠢ ᠭᠡᠵᠦ ᠯᠦᠨᠳᠣᠩᠨᠠᠵᠤ ᠪᠢᠯᠡ᠃
ᠨᠠᠭᠠᠳᠤᠮ ᠣᠢᠷᠠᠲᠤᠪᠠ ᠭᠡᠵᠦ ᠵᠦᠯᠭᠡ ᠳᠡᠭᠡᠷ᠎ᠡ ᠡᠳᠦᠷ ᠪᠦᠷᠢ ᠰᠤᠷ ᠬᠠᠷᠪᠤᠵᠤ ᠪᠠᠢᠭᠰᠠᠨ ᠨᠣᠶᠠᠳ᠂ ᠰᠠᠯᠬᠢᠨ ᠳ᠋ᠤ᠌ ᠬᠣᠪᠬᠤ ᠦᠯᠢᠶᠡᠯᠭᠡᠭᠰᠡᠨ ᠶᠦᠮ ᠰᠢᠭ ᠦᠵᠡᠭᠳᠡᠬᠦ ᠪᠡᠨ ᠪᠠᠷᠤᠭ ᠪᠠᠢᠵᠠᠢ᠃
ᠬᠦᠷᠢᠶᠡᠨ ᠦ᠌ ᠣᠯᠠᠨ ᠮᠢᠩᠭᠠᠨ ᠯᠠᠮᠠ ᠨᠠᠷ᠂ ᠡᠳᠦᠷ ᠰᠥᠨᠢ ᠦᠭᠡᠢ ᠨᠣᠮ ᠭᠦᠷᠢᠮ ᠬᠢᠵᠦ᠂ ᠮᠣᠷᠢᠲᠠᠢ ᠬᠢᠶ᠎ᠡ ᠯᠠᠮᠠ ᠨᠠᠷ ᠭᠣᠣᠯ ᠤ᠋ᠨ ᠨᠣᠭᠣᠭᠠᠨ ᠣᠷᠳᠣᠨ ᠠ᠋ᠴᠠ ᠭᠠᠨᠳᠠᠩ᠂ ᠵᠡᠭᠦᠨ ᠬᠦᠷᠢᠶᠡᠨ ᠦ᠌ ᠵᠦᠭ ᠬᠠᠷ᠎ᠠ ᠬᠤᠷᠳᠤ ᠪᠠᠷ ᠳᠠᠪᠬᠢᠯᠳᠤᠨ᠂ ᠡᠨᠡ ᠰᠠᠬᠢᠭᠤᠯᠰᠤ᠂ ᠲᠡᠷᠡ ᠳᠣᠭᠰᠢᠳ ᠢ᠋ ᠲᠡᠭᠡᠵᠦ ᠢᠩᠭᠢᠵᠦ ᠳᠠᠬᠢ ᠭᠡᠰᠡᠨ ᠵᠠᠷᠯᠢᠭ ᠯᠦᠩᠳᠦᠩ ᠢ᠋ ᠤᠯᠠᠮᠵᠢᠯᠠᠨ᠂ ᠴᠤᠪᠤᠮᠪᠤ᠂ ᠪᠠᠯᠢᠩᠴᠢ ᠨᠠᠷ ᠪᠣᠭᠳᠠ ᠬᠠᠭᠠᠨ ᠤ᠋ ᠵᠠᠷᠯᠢᠭ ᠢ᠋ᠶ᠋ᠠᠷ ᠤᠩᠰᠢᠬᠤ ᠨᠣᠮ ᠭᠦᠷᠢᠮ ᠦ᠋ᠨ ᠵᠠᠩ ᠦᠢᠯᠡ ᠳ᠋ᠦ᠍ ᠬᠡᠷᠡᠭᠯᠡᠬᠦ ᠲᠣᠭ᠎ᠠ ᠦᠭᠡᠢ ᠣᠯᠠᠨ ᠪᠠᠯᠢᠩ ᠴᠡᠯᠴᠡᠢ᠂ ᠠᠷᠪᠠᠢ ᠶ᠋ᠢᠨ ᠭᠤᠯᠢᠷ ᠲᠣᠰᠣ ᠪᠠᠷ ᠬᠢᠬᠦ ᠭᠡᠵᠦ ᠰᠥᠨᠢ ᠨᠣᠢᠷ ᠦᠭᠡᠢ᠂ ᠨᠢᠳᠦ ᠪᠡᠨ ᠤᠯᠠᠢᠲᠠᠯ᠎ᠠ ᠰᠠᠭᠤᠳᠠᠭ ᠪᠠᠢᠵᠠᠢ᠃ ᠬᠦᠷᠢᠶᠡᠨ ᠦ᠌ ᠭᠤᠳᠤᠮᠵᠢ ᠵᠡᠭᠡᠯᠢ ᠶ᠋ᠢᠨ ᠭᠠᠵᠠᠷ ᠠᠮᠢᠲᠠᠨ᠂ ᠰᠦᠬᠡᠪᠠᠭᠠᠲᠤᠷ ᠤ᠋ᠨ ᠠᠷᠠᠳ ᠤ᠋ᠨ ᠵᠢᠷᠤᠮᠲᠤ ᠴᠡᠷᠢᠭ ᠦ᠋ᠨ ᠢᠷᠡᠵᠦ ᠶᠠᠪᠤᠭ᠎ᠠ ᠵᠦᠭ ᠡᠴᠡ ᠬᠣᠲᠠ ᠣᠷᠣᠵᠤ ᠬᠣᠨᠢ ᠮᠠᠯ ᠵᠠᠷᠤᠬᠤ ᠬᠥᠳᠡᠭᠡᠨ ᠦ᠌ ᠠᠷᠠᠳ ᠤ᠋ᠳ ᠢ᠋ ᠲᠣᠭᠣᠷᠢᠨ᠂ ᠠᠷᠠᠳ ᠤ᠋ᠨ ᠵᠢᠷᠤᠮ ᠤ᠋ᠨ ᠴᠡᠷᠢᠭ ᠦ᠋ᠨ ᠰᠤᠷᠠᠭ ᠮᠡᠳᠡᠭᠡ ᠶ᠋ᠢ ᠶᠡᠬᠡᠯ᠎ᠡ(ᠶᠡᠬᠡ ᠯᠡ)ᠰᠣᠨᠢᠷᠬᠠᠨ ᠠᠰᠠᠭᠤᠳᠠᠭ ᠪᠠᠢᠵᠠᠢ᠃
— ᠶᠡᠬᠡ ᠴᠡᠷᠢᠭ ᠠᠢᠰᠤᠢ᠃ ᠮᠠᠨ ᠤ᠋ ᠮᠣᠩᠭᠣᠯ ᠴᠡᠷᠢᠭ᠂ ᠣᠷᠣᠰ ᠤ᠋ᠨ ᠤᠯᠠᠭᠠᠨ ᠴᠡᠷᠢᠭ ᠲᠡᠢ ᠠᠬ᠎ᠠ ᠳᠡᠭᠦᠦ ᠰᠢᠭ ᠰᠠᠢᠬᠠᠨ ᠨᠠᠢᠷᠠᠮᠲᠠᠢ ᠶᠤᠮ ᠪᠢᠯᠡ᠃ ᠲᠡᠷᠡ ᠶᠡᠬᠡ ᠴᠡᠷᠢᠭ ᠦ᠋ᠨ ᠵᠢᠷᠤᠮᠲᠠᠢ ᠨᠢ ᠭᠠᠢᠬᠠᠯᠲᠠᠢ᠃ ᠬᠥᠮᠦᠨ ᠠᠮᠢᠲᠠᠨ ᠢ᠋ ᠰᠣᠴᠢᠭᠠᠨ ᠬᠡᠯᠮᠡᠭᠳᠡᠭᠦᠯᠵᠦ᠂ ᠬᠢᠮᠤᠰᠤᠨ ᠤ᠋ ᠬᠠᠷ᠎ᠠ ᠶ᠋ᠢᠨ ᠲᠡᠳᠦᠢᠬᠡᠨ ᠦ᠌ ᠴᠦ᠍ ᠶᠠᠭᠤᠮ᠎ᠠ ᠠᠪᠤᠯ᠎ᠠ ᠭᠡᠵᠦ ᠪᠢᠳᠡ ᠶᠡᠷᠦ ᠴᠢᠬᠢᠨ ᠳ᠋ᠡᠭᠡᠨ( ᠳ᠋ᠦ᠍ ᠪᠡᠨ) ᠰᠣᠨᠣᠰᠤᠭ᠎ᠠ ᠦᠭᠡᠢ᠃ ᠲᠡᠢᠮᠦ ᠰᠠᠢᠬᠠᠨ ᠴᠡᠷᠢᠭ ᠠᠢᠰᠤᠢ!
— ᠮᠠᠨᠵᠤ ᠴᠡᠷᠢᠭ ᠢ᠋ ᠴᠦ᠍ ᠪᠢᠳᠡ ᠦᠵᠡᠵᠦ ᠥᠩᠭᠡᠷᠡᠭᠦᠯᠦᠭᠰᠡᠨ ᠪᠢᠯᠡ᠃ ᠭᠠᠮᠢᠩ ᠢ᠋ ᠴᠦ᠍ ᠦᠵᠡᠭᠰᠡᠨ ᠪᠢᠯᠡ᠃ ᠪᠠᠷᠣᠨ ᠵᠠᠩᠵᠤᠨ ᠤ᠋ ᠣᠷᠣᠰ ᠴᠠᠭᠠᠨ ᠨᠠᠮ ᠤ᠋ᠨ ᠴᠡᠷᠢᠭ ᠦ᠋ᠨ ᠬᠥᠯ ᠳ᠋ᠦ᠍ ᠴᠦ᠍ ᠴᠢᠷᠦᠭᠳᠡᠵᠦ ᠦᠵᠡᠯ᠎ᠡ᠃ ᠰᠦᠬᠡᠪᠠᠭᠠᠲᠤᠷ ᠤ᠋ᠨ ᠠᠷᠠᠳ ᠤ᠋ᠨ ᠨᠠᠮ ᠤ᠋ᠨ ᠴᠡᠷᠢᠭ᠂ ᠣᠷᠣᠰ ᠤ᠋ᠨ ᠤᠯᠠᠭᠠᠨ ᠴᠡᠷᠢᠭ ᠰᠢᠭ ᠴᠡᠷᠢᠭ ᠶᠡᠷᠦ ᠳ᠋ᠦ᠍ ᠪᠡᠨ ᠦᠵᠡᠭᠡ ᠦᠭᠡᠢ᠃ ᠶᠣᠰᠣᠲᠠᠢ ᠠᠷᠠᠳ ᠤ᠋ᠨ ᠴᠡᠷᠢᠭ ᠭᠡᠵᠦ ᠡᠢᠮᠦ ᠪᠠᠢᠳᠠᠭ ᠶᠤᠮ ᠪᠠᠢᠨ᠎ᠠ ᠳᠠ ᠭᠡᠵᠦ ᠶᠡᠬᠡ ᠴᠡᠷᠢᠭ ᠦ᠋ᠨ ᠵᠠᠮ ᠳᠠᠭᠠᠤ ᠠ᠋ᠴᠠ ᠣᠷᠣᠵᠤ ᠢᠷᠡᠭᠰᠡᠨ ᠠᠷᠠᠳ ᠤ᠋ᠳ ᠪᠠᠬᠠᠳᠤᠨ ᠬᠡᠯᠡᠯᠴᠡᠳᠡᠭ ᠪᠠᠢᠵᠠᠢ᠃
ᠵᠤᠨ ᠤ᠋ ᠠᠳᠠᠭ ᠰᠠᠷ᠎ᠠ ᠶ᠋ᠢᠨ ᠰᠢᠨ᠎ᠡ ᠶ᠋ᠢᠨ ᠨᠢᠭᠡᠨᠠ ᠮᠣᠩᠭᠣᠯ ᠵᠥᠪᠯᠡᠯᠲᠦ ᠶ᠋ᠢᠨ ᠴᠡᠷᠢᠭ ᠦ᠋ᠨ ᠤᠷᠤᠭᠰᠢᠯᠠᠭᠤᠷ ᠠᠩᠭᠢ ᠨᠡᠢᠰᠯᠡᠯ ᠬᠦᠷᠢᠶᠡᠨ ᠳ᠋ᠦ᠍ ᠣᠷᠣᠵᠤ ᠢᠷᠡᠯ᠎ᠡ᠃ ᠮᠣᠩᠭᠣᠯ ᠠᠷᠠᠳ ᠤ᠋ᠨ ᠴᠢᠯᠥᠭᠡᠯᠡᠭᠴᠢ ᠠᠷᠮᠢ᠂ ᠵᠥᠪᠯᠡᠯᠲᠦ ᠶ᠋ᠢᠨ ᠤᠯᠠᠭᠠᠨ ᠠᠷᠮᠢ ᠶ᠋ᠢᠨ ᠲᠡᠷᠡ ᠴᠡᠷᠢᠭ ᠰᠢᠤᠳᠠᠨ ᠪᠢᠴᠢᠭ᠂ ᠴᠠᠬᠢᠯᠭᠠᠨ ᠮᠡᠳᠡᠭᠡᠨ ᠦ᠌ ᠬᠣᠷᠢᠶ᠎ᠠ᠂ ᠤᠲᠠᠰᠤᠨ ᠤ᠋ ᠬᠣᠷᠢᠶ᠎ᠠ᠂ ᠭᠠᠮᠢᠩ ᠤ᠋ᠨ ᠪᠠᠷᠢᠭᠰᠠᠨ ᠭᠤᠷᠪᠠᠨ ᠥᠨᠳᠥᠷ ᠪᠤᠶᠤ ᠦ ᠰᠢᠶᠠᠨ ᠳ᠋ᠢᠶᠠᠨ ᠭᠡᠳᠡᠭ ᠠᠭᠠᠷ ᠤ᠋ᠨ ᠮᠡᠳᠡᠭᠡᠨ ᠦ᠌ ᠬᠣᠷᠢᠶ᠎ᠠ ᠶ᠋ᠢ ᠡᠵᠡᠯᠡᠩᠬᠡᠨ ᠰᠡᠷᠭᠡᠢᠯᠡᠵᠡᠢ᠃
ᠴᠡᠷᠢᠭ ᠦ᠋ᠨ ᠨᠠᠷᠢᠨ ᠴᠢᠩᠳᠠ ᠰᠠᠬᠢᠯᠭ᠎ᠠ᠂ ᠬᠡᠢ ᠮᠣᠷᠢ᠂ ᠴᠣᠭ ᠵᠣᠯᠢ(ᠵᠠᠯᠢ) ᠪᠦᠷᠢᠳᠦᠭᠰᠡᠨ ᠡᠷᠡᠯᠬᠡᠭ ᠵᠢᠪᠬᠤᠯᠠᠩᠲᠤ ᠪᠠᠢᠳᠠᠯ᠂ ᠬᠤᠷᠴᠠ ᠵᠡᠪᠰᠡᠭ ᠢ᠋ᠶ᠋ᠡᠷ ᠢ᠋ᠶ᠋ᠡᠨ ᠬᠦᠷᠢᠶᠡᠨ ᠦ᠌ ᠠᠷᠠᠳ ᠣᠯᠠᠨ ᠢ᠋ ᠪᠠᠬᠠᠳᠤᠭᠤᠯᠤᠭᠰᠠᠨ ᠲᠡᠷᠡ ᠠᠷᠠᠳ ᠤ᠋ᠨ ᠵᠢᠷᠤᠮᠲᠤ ᠴᠡᠷᠢᠭ ᠦ᠋ᠨ ᠪᠢᠴᠢᠬᠠᠨ ᠤᠷᠤᠭᠰᠢᠯᠠᠭᠤᠷ ᠨᠢᠭᠡᠨ ᠪᠠᠭ ᠴᠡᠷᠢᠭ ᠦ᠋ᠨ ᠠᠪ ᠠᠪᠤᠭᠰᠠᠭᠠᠷ ᠲᠡᠢᠮᠦ ᠰᠦᠷᠡᠬᠡᠢ ᠨᠢᠮᠪᠠᠢ ᠬᠥᠳᠡᠯᠦᠭᠰᠡᠨ ᠪᠠᠢᠳᠠᠯ ᠢ᠋ ᠦᠵᠡᠭᠡᠳ《ᠪᠠᠷᠤᠨ ᠤ᠋ ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ ᠤ᠋ᠨ ᠭᠠᠵᠠᠷ》 ᠭᠡᠭᠴᠢ ᠶ᠋ᠢᠨ ᠨᠣᠶᠠᠳ ᠰᠠᠢᠳ᠂ ᠠᠷᠠᠳ ᠤ᠋ᠨ ᠵᠢᠷᠤᠮᠲᠤ ᠴᠡᠷᠢᠭ᠂ ᠠᠷᠠᠳ ᠤ᠋ᠨ ᠵᠠᠰᠠᠭ ᠤ᠋ᠨ ᠪᠠᠢᠯᠳᠤᠭᠠᠨ ᠳ᠋ᠤ᠌ ᠬᠠᠲᠠᠭᠤᠵᠢᠭᠰᠠᠨ ᠰᠠᠬᠢᠯᠭ᠎ᠠ ᠲᠠᠢ ᠴᠡᠷᠢᠭ᠂ ᠮᠠᠰᠢ ᠵᠣᠬᠢᠶᠠᠨ ᠪᠠᠢᠭᠤᠯᠤᠯᠲᠠ ᠲᠠᠢ ᠪᠠᠲᠤ ᠵᠠᠰᠠᠭ ᠶᠤᠮ ᠪᠠᠢᠨ᠎ᠠ ᠭᠡᠵᠦ ᠤᠬᠠᠮᠰᠠᠷᠯᠠᠵᠤ ᠠᠪᠤᠯ᠎ᠠ᠃
ᠭᠠᠮᠢᠩ ᠤ᠋ᠨ ᠦᠶ᠎ᠡ ᠡᠴᠡ ᠡᠬᠢᠯᠡᠨ《ᠤᠯᠠᠭᠠᠨᠳᠠᠨ ᠤ᠋ ᠬᠠᠷᠭᠢᠰ》 ᠭᠡᠵᠦ ᠬᠡᠯᠡᠯᠴᠡᠳᠡᠭ ᠴᠤᠤᠷᠬᠠᠯ ᠢ᠋ ᠴᠢᠬᠢ ᠪᠡᠨ ᠲᠦᠵᠢᠷᠡᠲᠡᠯᠡ ᠰᠣᠨᠣᠰᠴᠤ᠂ ᠵᠢᠷᠦᠬᠡ ᠲᠦᠭᠰᠢᠨ ᠡᠮᠢᠶᠡᠵᠦ ᠪᠠᠢᠭᠰᠠᠨ ᠬᠢᠲᠠᠳ ᠬᠤᠳᠠᠯᠳᠤᠭᠠᠴᠢᠨ ᠮᠠᠢᠮᠠᠢᠴᠢᠨ᠂ ᠴᠤᠤᠲᠠᠢ ᠪᠠᠷᠤᠨ ᠤ᠋ ᠴᠠᠭᠠᠨ ᠨᠠᠮ ᠤ᠋ᠨ ᠴᠡᠷᠢᠭ ᠦ᠋ᠨ ᠨᠢᠭᠡᠨ ᠪᠠᠭ ᠤᠷᠤᠭᠰᠢᠯᠠᠭᠤᠷ ᠴᠡᠷᠢᠭ ᠢ᠋ ᠬᠦᠷᠢᠶᠡᠨ ᠳ᠋ᠦ᠍ ᠣᠷᠣᠵᠤ ᠢᠷᠡᠬᠦ ᠳ᠋ᠦ᠍ ᠲᠡᠯᠡᠵᠦ ᠲᠣᠨᠣᠭᠤᠯᠬᠤ ᠠᠶᠤᠯ ᠢ᠋ ᠠᠮᠰᠠᠵᠤ ᠥᠩᠭᠡᠷᠡᠭᠦᠯᠦᠭᠰᠡᠨ ᠲᠤᠯᠠ᠂ ᠣᠳᠣ ᠯᠠ ᠮᠠᠭᠤ ᠪᠠᠨ ᠦᠵᠡᠵᠦ ᠭᠦᠢᠴᠡᠯ᠎ᠡ ᠳᠡ ᠭᠡᠵᠦ ᠶᠡᠬᠡ ᠡᠮᠢᠶᠡᠵᠦ ᠪᠠᠢᠭᠰᠠᠨ ᠨᠢ᠂ ᠠᠷᠠᠳ ᠤ᠋ᠨ ᠴᠡᠷᠢᠭ᠂ ᠵᠥᠪᠯᠡᠯᠲᠦ ᠶ᠋ᠢᠨ ᠴᠡᠷᠢᠭ ᠦ᠋ᠨ ᠮᠠᠰᠢ ᠰᠠᠬᠢᠯᠭ᠎ᠠ ᠵᠢᠷᠤᠮᠲᠠᠢ ᠶ᠋ᠢ ᠦᠵᠡᠭᠡᠳ ᠲᠤᠢᠯ ᠤ᠋ᠨ ᠭᠠᠢᠬᠠᠵᠠᠢ᠃
ᠠᠷᠠᠳ ᠤ᠋ᠨ ᠵᠠᠰᠠᠭ ᠤ᠋ᠨ ᠭᠠᠵᠠᠷ ᠠ᠋ᠴᠠ ᠨᠡᠢᠰᠯᠡᠯ ᠬᠣᠲᠠ ᠶ᠋ᠢᠨ ᠬᠠᠮᠢᠨᠳᠠ ᠪᠠᠷ ᠲᠣᠮᠢᠯᠠᠭᠳᠠᠭᠠᠳ ᠂ ᠤᠷᠤᠭᠰᠢᠯᠠᠭᠤᠷ ᠴᠡᠷᠢᠭ ᠦ᠋ᠨ ᠬᠠᠮᠲᠤ ᠣᠷᠣᠵᠤ ᠢᠷᠡᠭᠰᠡᠨ ᠬᠢᠷᠪᠡᠭᠡ (ᠬᠡᠷᠪᠢᠭᠡ) ᠬᠠᠷ᠎ᠠ ᠰᠠᠬᠠᠯ ᠲᠠᠢ᠂ ᠡᠷᠡᠯᠬᠡᠭ ᠰᠦᠷᠲᠡᠢ ᠴᠡᠷᠢᠭ ᠦ᠋ᠨ ᠳᠠᠷᠤᠭ᠎ᠠ ᠳ᠋ᠤ᠌ ᠪᠡᠯᠡᠭ ᠪᠠᠷᠢᠵᠤ ᠨᠢᠭᠤᠷ ᠲᠠᠯ᠎ᠠ ᠣᠯᠤᠭᠠᠳ᠂ ᠳᠡᠢᠯᠦᠭᠰᠡᠨ ᠴᠡᠷᠢᠭ ᠦ᠋ᠨ ᠪᠤᠯᠢᠶᠠᠬᠤ ᠲᠠᠯᠠᠬᠤ ᠠᠶᠤᠯ ᠠ᠋ᠴᠠ ᠠᠩᠭᠢᠵᠢᠷᠠᠰᠤᠭᠠᠢ ᠭᠡᠵᠦ ᠢᠷᠡᠭᠰᠡᠨ ᠬᠢᠲᠠᠳ ᠬᠤᠳᠠᠯᠳᠤᠭᠠᠴᠢᠨ ᠤ᠋ ᠳᠠᠷᠤᠭ᠎ᠠ ᠨᠠᠷ᠂ ᠲᠡᠷᠡ ᠬᠠᠮᠢᠨᠳᠠ ᠶ᠋ᠢ ᠪᠡᠯᠡᠭ ᠠᠪᠬᠤ ᠦᠭᠡᠢ᠂ ᠬᠣᠲᠠ ᠶ᠋ᠢᠨ ᠠᠷᠠᠳ ᠢᠷᠭᠡᠨ ᠦ᠌ ᠡᠩᠬᠡ ᠲᠦᠪᠰᠢᠨ ᠪᠠᠢᠳᠠᠯ ᠢ᠋ ᠰᠠᠬᠢᠨ ᠬᠠᠮᠠᠭᠠᠯᠠᠬᠤ ᠲᠤᠯᠠ᠂ ᠬᠤᠳᠠᠯᠳᠤᠭᠠᠨ ᠤ᠋ ᠢᠷᠭᠡᠨ ᠳ᠋ᠦ᠍ ᠣᠭᠲᠣ ᠠᠶᠤᠨ ᠡᠮᠢᠶᠡᠬᠦ ᠵᠦᠢᠯ ᠦᠭᠡᠢ ᠭᠡᠬᠦ ᠳ᠋ᠦ᠍ᠨᠢ ᠨᠢᠭᠡᠨ ᠳᠤᠮᠳᠠᠭᠤᠷ ᠢᠳᠡᠭᠡᠨ᠂ ᠨᠢᠭᠡᠨ ᠳᠤᠮᠳᠠᠭᠤᠷ ᠰᠡᠵᠢᠭᠯᠡᠨ ᠪᠤᠴᠠᠵᠠᠭᠠᠭᠰᠠᠨ ᠪᠢᠯᠡ᠃ ᠬᠤᠳᠠᠯᠳᠤᠭᠠᠨ ᠤ᠋ ᠳᠠᠷᠤᠭ᠎ᠠ ᠨᠠᠷ ᠤ᠋ᠨ ᠳᠠᠷᠠᠭ᠎ᠠ ᠪᠠᠷ ᠮᠣᠩᠭᠣᠯ ᠨᠣᠶᠠᠳ ᠬᠡᠳᠦᠨ ᠲᠦᠰᠢᠮᠡᠯ ᠶᠠᠪᠤᠭᠤᠯᠵᠤ᠂ ᠲᠡᠷᠡ ᠴᠡᠷᠢᠭ ᠦ᠋ᠨ ᠬᠠᠮᠢᠨᠳᠠ ᠳᠠᠷᠤᠭ᠎ᠠ ᠶ᠋ᠢᠨ ᠠᠮᠤᠷ ᠢ᠋ ᠡᠷᠢᠨ᠂ ᠪᠢᠳᠡᠨ ᠦ᠌ ᠨᠣᠶᠠᠳ᠂ ᠶᠡᠬᠡ ᠵᠠᠩᠵᠤᠨ ᠤ᠋ ᠬᠤᠷᠴᠠ ᠰᠦᠷᠲᠦ ᠴᠡᠷᠢᠭ ᠦ᠋ᠨ ᠢᠷᠡᠭᠰᠡᠨ ᠳ᠋ᠦ᠍ ᠮᠠᠰᠢ ᠪᠠᠶᠠᠷᠯᠠᠪᠠᠴᠤ ᠯᠠᠮᠠ ᠬᠤᠸᠠᠷᠠᠭ᠂ ᠠᠷᠠᠳ ᠠᠮᠢᠲᠠᠨ ᠢ᠋ ᠦᠯᠦ ᠬᠡᠯᠮᠡᠭᠳᠡᠭᠦᠯᠬᠦ ᠪᠣᠯᠪᠠᠤ? ᠭᠡᠵᠦ ᠬᠡᠯᠡᠭᠦᠯᠬᠦ ᠳ᠋ᠦ᠍ᠨᠢ᠂
— ᠠᠷᠠᠳ ᠲᠦᠮᠡᠨ᠂ ᠥᠪᠡᠷ ᠦ᠋ᠨ ᠢ᠋ᠶ᠋ᠡᠨ ᠵᠢᠷᠤᠮ ᠤ᠋ᠨ ᠴᠡᠷᠢᠭ ᠡᠴᠡ ᠶᠠᠭᠤᠨ ᠳ᠋ᠤ᠌ ᠠᠶᠤᠬᠤ ᠪᠢᠯᠡ? ᠯᠠᠮᠠ ᠬᠤᠸᠠᠷᠠᠭ ᠬᠡᠷᠪᠡ ᠠᠷᠠᠳ ᠤ᠋ᠨ ᠵᠠᠰᠠᠭ ᠤ᠋ᠨ ᠡᠰᠡᠷᠭᠦ ᠰᠠᠨᠠᠭ᠎ᠠ ᠡᠰᠡ ᠡᠪᠦᠷᠯᠡᠪᠡᠯ᠂ ᠠᠶᠤᠨ ᠭᠡᠯᠮᠡᠬᠦ ᠵᠦᠢᠯ ᠦᠭᠡᠢ ᠭᠡᠵᠦ ᠬᠠᠮᠢᠨᠳᠠ᠂ ᠲᠡᠷᠡ ᠲᠦᠰᠢᠮᠡᠯ ᠳ᠋ᠦ᠍ ᠬᠠᠷᠢᠭᠤᠯᠵᠤ ᠪᠢᠯᠡ᠃
ᠵᠤᠨ ᠤ᠋ ᠠᠳᠠᠭ ᠰᠠᠷ᠎ᠠ ᠶ᠋ᠢᠨ ᠰᠢᠨ᠎ᠡ ᠶ᠋ᠢᠨ ᠭᠤᠷᠪᠠᠨ ᠳ᠋ᠤ᠌ ᠠᠷᠠᠳ ᠤ᠋ᠨ ᠴᠢᠯᠥᠭᠡᠯᠡᠭᠴᠢ ᠴᠡᠷᠢᠭ᠂ ᠵᠥᠪᠯᠡᠯᠲᠦ ᠶ᠋ᠢᠨ ᠴᠡᠷᠢᠭ ᠦ᠋ᠨ ᠬᠠᠮᠲᠤ ᠨᠡᠢᠰᠯᠡᠯ ᠬᠦᠷᠢᠶᠡᠨ᠎ᠡ ᠣᠷᠣᠵᠤ ᠢᠷᠡᠯ᠎ᠡ᠃ ᠰᠦᠬᠡᠪᠠᠭᠠᠲᠤᠷ ᠤ᠋ᠨ ᠵᠢᠷᠤᠮᠲᠤ ᠴᠡᠷᠢᠭ ᠢᠷᠡᠭᠰᠡᠨ ᠮᠡᠳᠡᠭᠡ ᠬᠣᠷᠣᠮᠬᠠᠨ ᠵᠠᠭᠤᠷ᠎ᠠ ᠬᠦᠷᠢᠶ᠎ᠡ ᠳᠠᠶᠠᠭᠠᠷ ᠲᠤ᠌ ᠲᠠᠷᠬᠠᠵᠤ᠂ ᠮᠣᠷᠢᠲᠠᠢ ᠶᠠᠪᠠᠭᠠᠨ᠂ ᠡᠷᠡᠭᠲᠡᠢ ᠡᠮᠡᠭᠲᠡᠢ ᠬᠥᠮᠦᠨ᠂ ᠬᠥᠯ ᠲᠡᠢ ᠨᠢ ᠬᠦᠯᠬᠦᠵᠦ᠂ ᠬᠥᠯ ᠦᠭᠡᠢ ᠨᠢ ᠮᠥᠯᠬᠥᠵᠦ᠂ ᠭᠠᠨᠳᠠᠩᠳᠡᠭᠴᠢᠨᠬᠡᠯᠢᠩ ᠬᠡᠢᠳ ᠦ᠋ᠨ ᠤᠷᠢᠳᠠᠭᠤᠷ᠂ ᠪᠠᠷᠠᠭᠤᠨ ᠵᠦᠭ ᠡᠴᠡ ᠢᠷᠡᠵᠦ ᠶᠠᠪᠤᠭ᠎ᠠ ᠴᠡᠷᠢᠭ ᠢ᠋ ᠤᠭᠲᠤᠨ ᠪᠤᠵᠢᠭᠢᠨᠠᠵᠠᠢ᠃
ᠵᠠᠮ ᠤ᠋ᠨ ᠬᠣᠶᠠᠷ ᠲᠠᠯ᠎ᠠ ᠶ᠋ᠢ ᠦᠢ ᠲᠦᠮᠡᠨ ᠠᠮᠢᠲᠠᠨ ᠪᠦᠷᠬᠦᠨ ᠨᠥᠮᠥᠷᠴᠦ᠂ ᠤᠭᠠᠯᠵᠠ ᠶ᠋ᠢᠨ ᠡᠪᠡᠷ ᠰᠢᠭ ᠦᠰᠦᠲᠡᠢ᠂ ᠲᠠᠪᠤᠨ ᠥᠩᠭᠡ ᠶ᠋ᠢᠨ ᠡᠷᠢᠶᠡᠨ ᠳᠡᠪᠡᠯ ᠲᠡᠢ ᠬᠦᠷᠢᠶᠡᠨ ᠦ᠌ ᠠᠪᠠᠭᠠᠢ ᠨᠠᠷ᠂ ᠤᠯᠠᠭᠠᠨ ᠵᠠᠯᠠᠭ᠎ᠠ ᠲᠠᠢ ᠲᠣᠭᠣᠷᠴᠣᠭ ᠲᠠᠢ᠂ ᠤᠯᠠᠭᠠᠨ ᠲᠣᠷᠭᠠᠨ ᠪᠦᠴᠡ ᠲᠡᠢ᠂ ᠱᠣᠪᠣᠭᠣᠷ ᠣᠷᠣᠢ ᠲᠠᠢ ᠳᠤᠭᠤᠢ ᠬᠢᠯᠢᠩ ᠮᠠᠯᠠᠭᠠᠢ ᠲᠠᠢ ᠬᠡᠦᠬᠡᠨ ᠨᠦ᠍ᠭᠦᠳ᠂ ᠪᠠᠰᠠ ᠡᠪᠦᠭᠡᠳ ᠡᠮᠡᠭᠡᠳ᠂ ᠵᠠᠬ᠎ᠠ ᠶ᠋ᠢᠨ ᠬᠤᠭᠤᠷᠴᠢ ᠢᠷᠦᠭᠡᠯᠴᠢ ᠨᠠᠷ᠂ ᠭᠠᠨᠳᠠᠩ ᠬᠦᠷᠢᠶᠡᠨ ᠦ᠌ ᠰᠢᠷ᠎ᠠ ᠤᠯᠠᠭᠠᠨ ᠬᠤᠪᠴᠠᠰᠤ ᠲᠠᠢ ᠯᠠᠮᠠ ᠨᠠᠷ᠂ ᠰᠢᠷᠭᠤᠯᠵᠢ ᠰᠢᠭ᠋ ᠬᠠᠷ᠎ᠠ ᠬᠤᠪᠴᠠᠰᠤ ᠲᠠᠢ ᠬᠢᠲᠠᠳ ᠫᠦᠰᠡ ᠶ᠋ᠢᠨ ᠮᠠᠢᠮᠠᠢ᠂ ᠪᠢᠴᠢᠭᠡᠴᠢ᠂ ᠬᠤᠳᠠᠯᠳᠤᠭᠠᠴᠢ ᠨᠠᠷ᠂ ᠴᠡᠷᠢᠭ ᠦ᠋ᠨ ᠬᠣᠶᠠᠷ ᠲᠠᠯ᠎ᠠ ᠪᠠᠷ ᠭᠤᠳᠤᠮᠵᠢᠯᠠᠨ ᠵᠢᠭᠰᠠᠵᠤ᠂ ᠬᠦᠷᠢᠶᠡᠨ ᠦ᠌ ᠵᠦᠭ ᠲᠠᠭᠠᠯᠴᠠᠨ ᠶᠠᠪᠤᠯ᠎ᠠ᠃
ᠬᠦᠬᠦᠷ ᠲᠡᠢ ᠪᠣᠷᠪᠢ ᠲᠠᠢ ᠠᠢᠷᠠᠭ ᠰᠦ ᠬᠤᠳᠠᠯᠳᠤᠬᠤ ᠪᠠᠷ ᠢᠷᠡᠭᠰᠡᠨ ᠬᠣᠲᠠ ᠬᠠᠪᠢ ᠶ᠋ᠢᠨ ᠨᠡᠭᠦᠳᠡᠯᠴᠢᠨ᠂ ᠰᠦᠬᠡᠪᠠᠭᠠᠲᠤᠷ ᠲᠡᠷᠢᠭᠦᠲᠡᠢ ᠠᠷᠠᠳ ᠤ᠋ᠨ ᠵᠢᠷᠤᠮᠲᠤ ᠴᠡᠷᠢᠭ ᠢ᠋ ᠡᠷᠲᠡᠨ ᠦ᠌ ᠮᠣᠩᠭᠣᠯ ᠤ᠋ᠨ ᠵᠠᠩᠰᠢᠯ ᠢ᠋ᠶ᠋ᠠᠷ ᠢᠷᠥᠭᠡᠨ ᠤᠭᠲᠤᠵᠤ᠂ ᠰᠦ ᠠᠢᠷᠠᠭ ᠢ᠋ᠶ᠋ᠠᠨ ᠠᠷᠠᠳ ᠤ᠋ᠨ ᠴᠢᠯᠦᠭᠡᠯᠡᠭᠴᠢ ᠴᠡᠷᠢᠭ ᠦ᠋ᠨ ᠰᠦᠷᠲᠡᠢ ᠨᠠᠮᠢᠯᠵᠠᠨ ᠪᠠᠢᠭ᠎ᠠ ᠰᠣᠶᠣᠩᠪᠤᠲᠤ ᠵᠠᠩᠵᠤᠨ ᠲᠤᠭ ᠤ᠋ᠨ ᠵᠦᠭ ᠰᠠᠴᠤᠵᠠᠢ᠃
ᠣᠯᠠᠨ ᠤ᠋ ᠪᠠᠶᠠᠷᠯᠠᠨ ᠬᠡᠯᠡᠯᠴᠡᠬᠦ ᠦᠭᠡ ᠳᠦᠩᠭᠦᠷ ᠳᠦᠩᠭᠦᠷ ᠭᠡᠵᠦ᠂ ᠡᠨᠳᠡ ᠲᠡᠨᠳᠡ ᠢᠷᠥᠭᠡᠬᠦ ᠦᠭᠡ ᠰᠣᠨᠣᠰᠲᠠᠯ᠎ᠠ᠃ ᠬᠥᠯ ᠨᠢᠴᠦᠭᠦᠨ ᠱᠠᠯᠠᠮᠠᠭᠠᠢ ᠪᠠᠭᠠᠴᠤᠳ᠂ ᠬᠥᠮᠦᠨ ᠠᠮᠢᠲᠠᠨ ᠤ᠋ ᠬᠥᠯ ᠳᠣᠣᠭᠤᠷ ᠡᠭᠦᠪᠡᠷ ᠲᠡᠭᠦᠪᠡᠷ ᠰᠢᠷᠭᠤᠯᠠᠨ ᠪᠤᠵᠢᠭᠢᠨᠠᠯᠳᠤᠵᠤ᠂ ᠶᠡᠬᠡ ᠵᠠᠩᠵᠤᠨ᠂ ᠳᠠᠷᠤᠭ᠎ᠠ ᠴᠡᠷᠢᠭ ᠦ᠋ᠨ ᠥᠭᠡᠳᠡ ᠡᠴᠡ ᠰᠣᠨᠢᠷᠬᠠᠨ ᠬᠠᠷᠠᠵᠤ ᠭᠦᠶᠦᠯᠳᠦᠯᠡ᠃ ᠠᠷᠠᠳ ᠤ᠋ᠨ ᠶᠡᠬᠡ ᠴᠡᠷᠢᠭ ᠦ᠋ᠨ ᠰᠦᠷ ᠵᠢᠪᠬᠤᠯᠠᠩ ᠲᠡᠭᠦᠯᠳᠡᠷ ᠵᠢᠭᠰᠠᠭᠠᠯ ᠢ᠋ ᠤᠭᠲᠤᠨ ᠲᠤᠰᠤᠭᠰᠠᠨ ᠬᠥᠮᠦᠰ ᠦ᠋ᠨ ᠨᠢᠳᠦᠨ ᠳ᠋ᠦ᠍ ᠪᠠᠶᠠᠷ ᠤ᠋ᠨ ᠨᠢᠯᠪᠤᠰᠤ ᠭᠢᠯᠠᠯᠵᠠᠨ᠂ ᠮᠣᠷᠢᠨ ᠵᠢᠭᠰᠠᠭᠠᠯ ᠳ᠋ᠤ᠌ ᠨᠠᠷᠢᠨ ᠴᠢᠩᠳᠠ ᠪᠠᠷ ᠵᠡᠷᠭᠡᠴᠡᠨ ᠵᠢᠭᠰᠠᠵᠤ ᠶᠠᠪᠤᠭ᠎ᠠ ᠡᠪᠦᠭᠡᠨ ᠪᠤᠭᠤᠷᠤᠯ ᠫᠠᠷᠲ᠋ᠢᠽᠠᠨ ᠨᠠᠷ᠂ ᠠᠷᠠᠳ ᠣᠯᠠᠨ ᠤ᠋ ᠦᠨᠡᠨ ᠰᠡᠳᠬᠢᠯ ᠡᠴᠡ ᠪᠠᠬᠠᠳᠤᠨ ᠤᠭᠲᠤᠵᠤ᠂ ᠡᠩᠬᠦᠷᠡᠢᠯᠡᠨ ᠲᠣᠰᠴᠤ ᠪᠠᠢᠭ᠎ᠠ ᠶ᠋ᠢ ᠬᠠᠷᠠᠭᠠᠳ᠂ ᠨᠢᠳᠦᠨ ᠳ᠋ᠡᠭᠡᠨ ᠮᠡᠯᠲᠡᠭᠡᠨᠡᠭᠰᠡᠨ ᠪᠠᠶᠠᠷ ᠤ᠋ᠨ ᠨᠢᠯᠪᠤᠰᠤ ᠶ᠋ᠢ ᠪᠠᠢᠨ ᠪᠠᠢᠨ ᠬᠠᠨᠴᠤᠢ ᠪᠠᠷ ᠠᠷᠴᠢᠯᠬᠢᠯᠠᠨ ᠶᠠᠪᠤᠯ᠎ᠠ᠃
ᠠᠷᠠᠳ ᠤ᠋ᠨ ᠴᠢᠯᠦᠭᠡᠯᠡᠭᠴᠢ ᠶᠡᠬᠡ ᠴᠡᠷᠢᠭ ᠦ᠋ᠨ ᠵᠠᠩᠵᠤᠨ ᠰᠦᠬᠡᠪᠠᠭᠠᠲᠤᠷ ᠮᠠᠦ᠋ᠽᠧᠷ᠂ ᠰᠡᠯᠡᠮ᠎ᠡ ᠠᠭᠰᠤᠵᠤ᠂ ᠵᠢᠭᠰᠠᠭᠠᠯ ᠤ᠋ᠨ ᠡᠮᠦᠨ᠎ᠡ ᠴᠠᠭᠠᠨ ᠴᠢᠰᠴᠡᠦ ᠳᠡᠪᠡᠯ ᠲᠡᠢ ᠲᠦᠷᠦᠭᠦᠯᠡᠨ ᠶᠠᠪᠤᠵᠠᠢ᠃ ᠠᠷᠠᠳ ᠤ᠋ᠨ ᠵᠠᠰᠠᠭ ᠤ᠋ᠨ ᠭᠠᠵᠠᠷ ᠤ᠋ᠨ ᠣᠯᠠᠨ ᠰᠠᠢᠳ᠂ ᠠᠷᠠᠳ ᠤ᠋ᠨ ᠨᠠᠮ ᠤ᠋ᠨ ᠲᠥᠪ ᠬᠣᠷᠢᠶᠠᠨ ᠤ᠋ ᠭᠡᠰᠢᠭᠦᠨ᠂ ᠶᠡᠬᠡ ᠵᠠᠩᠵᠤᠨ ᠤ᠋ ᠬᠣᠶᠠᠷ ᠡᠲᠡᠭᠡᠳ ᠳᠠᠭᠠᠯᠳᠤᠨ ᠶᠠᠪᠤᠵᠤ᠂ ᠬᠥᠬᠡ᠂ ᠴᠡᠩᠬᠡᠷ᠂ ᠨᠣᠭᠣᠭᠠᠨ᠂ ᠤᠯᠠᠭᠠᠨ᠂ ᠬᠦᠷᠡᠩ ᠲᠠᠪᠤᠨ ᠥᠩᠭᠡ ᠶ᠋ᠢᠨ ᠲᠣᠷᠭᠠᠨ ᠳᠡᠪᠡᠯ ᠡᠮᠦᠰᠴᠡᠭᠡᠵᠦ᠂ ᠡᠩᠭᠡᠷ ᠲᠡᠭᠡᠨ ᠤᠯᠠᠭᠠᠨ ᠲᠣᠷᠭᠠᠨ ᠲᠠᠪᠤᠨ ᠬᠣᠰᠢᠭᠤ᠂ ᠭᠠᠯ ᠤᠯᠠᠭᠠᠨ ᠲᠣᠷᠭᠠᠨ ᠯᠸᠡᠲ᠋ ᠪᠦᠴᠡ ᠵᠡᠭᠦᠵᠡᠢ᠃
ᠲᠤᠭᠴᠢᠨ᠂ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡ᠂ ᠲᠤᠰᠠᠭᠠᠷ ᠲᠣᠭᠲᠠᠨᠢᠬᠤ ᠶ᠋ᠢᠨ ᠪᠡᠯᠭᠡ ᠲᠡᠮᠳᠡᠭ ᠠᠯᠲᠠᠨ ᠰᠢᠷ᠎ᠠ ᠰᠣᠶᠣᠩᠪᠣ ᠲᠡᠢ᠂ ᠤᠯᠠᠭᠠᠨ ᠵᠠᠯᠠᠭ᠎ᠠ ᠲᠠᠢ᠂ ᠤᠯᠠᠭᠠᠨ ᠲᠣᠷᠭᠠᠨ ᠵᠠᠩᠵᠤᠨ ᠲᠤᠭ ᠨᠠᠮᠢᠯᠵᠠᠭᠤᠯᠤᠩᠬᠠᠨ ᠵᠠᠯᠠᠵᠤ᠂ ᠴᠡᠷᠢᠭ ᠦ᠋ᠨ ᠡᠷᠡᠰ ᠪᠠᠭ ᠪᠠᠭ ᠢ᠋ᠶ᠋ᠠᠷ ᠬᠣᠭᠣᠷᠣᠨᠳᠣ ᠪᠠᠨ ᠰᠠᠢᠬᠠᠨ ᠵᠡᠷᠭᠡᠴᠡᠨ ᠳᠠᠪᠰᠢᠵᠤ᠂ ᠲᠠᠰᠢᠶ᠎ᠠ ᠪᠠᠨ ᠲᠤᠯᠤᠩᠬᠠᠨ ᠡᠷᠡᠯᠬᠡᠭ ᠴᠣᠭ ᠲᠠᠢ᠂ ᠬᠡᠢ ᠮᠣᠷᠢ ᠪᠠᠶᠠᠰᠬᠤᠯᠠᠩ ᠲᠡᠭᠦᠯᠳᠡᠷ ᠶᠠᠪᠤᠵᠤ ᠶᠠᠪᠤᠭ᠎ᠠ ᠨᠢ᠂ ᠬᠥᠮᠦᠨ ᠦ᠌ ᠲᠣᠭ᠎ᠠ ᠪᠠᠷ ᠬᠡᠳᠦᠨ ᠳᠠᠪᠬᠤᠷ ᠢᠯᠡᠭᠦᠦ᠂ ᠵᠠᠷ ᠵᠡᠪᠰᠡᠭ ᠢ᠋ᠶ᠋ᠡᠷ ᠳᠠᠪᠠᠭᠤ ᠬᠠᠷᠢ ᠶ᠋ᠢᠨ ᠲᠦᠷᠢᠮᠡᠬᠡᠢᠯᠡᠨ ᠡᠵᠡᠯᠡᠭᠴᠢ ᠭᠠᠮᠢᠩ᠂ ᠴᠠᠭᠠᠨ ᠨᠠᠮ ᠤ᠋ᠨ ᠴᠡᠷᠢᠭ ᠲᠡᠢ ᠪᠠᠢᠯᠳᠤᠵᠤ᠂ ᠳᠠᠢᠴᠢᠨ ᠲᠤᠭ ᠢ᠋ᠶ᠋ᠠᠨ ᠡᠷᠡᠯᠬᠡᠭ ᠪᠠᠭᠠᠲᠤᠷ ᠤ᠋ᠨ ᠭᠠᠪᠢᠶ᠎ᠠ ᠪᠠᠷ ᠭᠡᠢᠭᠦᠯᠵᠦ᠂ ᠡᠬᠡ ᠣᠷᠣᠨ ᠢ᠋ᠶ᠋ᠠᠨ ᠴᠢᠯᠥᠭᠡᠯᠡᠨ᠂ ᠳᠠᠢᠰᠤᠨ ᠢ᠋ᠶ᠋ᠠᠨ ᠳᠠᠷᠤᠵᠤ᠂ ᠳᠠᠷᠬᠠᠨ ᠴᠣᠯᠠ ᠪᠠᠨ ᠮᠠᠨᠳᠤᠭᠤᠯᠤᠨ᠂ ᠦᠰᠲᠡᠨ ᠢ᠋ᠶ᠋ᠡᠨ ᠥᠷᠥᠯᠡᠵᠦ᠂ ᠥᠷᠭᠡᠨ ᠣᠯᠠᠨ ᠢ᠋ᠶ᠋ᠠᠨ ᠪᠠᠶᠠᠷᠯᠠᠭᠤᠯᠤᠭᠰᠠᠨ ᠪᠠᠳᠠᠷᠠᠩᠭᠤᠢ ᠵᠢᠭᠰᠠᠭᠠᠯ ᠢ᠋ᠶ᠋ᠠᠷ ᠶᠠᠪᠤᠵᠠᠢ᠃
ᠠᠮᠧᠷᠢᠺᠠ᠂ ᠧᠦ᠋ᠷᠣᠫᠠ᠂ ᠬᠢᠲᠠᠳ ᠤ᠋ᠨ ᠶᠡᠬᠡ ᠬᠡᠪᠯᠡᠯ ᠳ᠋ᠦ᠍ ᠴᠡᠷᠢᠭ ᠦ᠋ᠨ ᠪᠤᠶᠤ ᠢᠷᠭᠡᠨ ᠦ᠌ ᠨᠢᠭᠡ ᠴᠦ᠍ ᠪᠢᠴᠢᠭ ᠦ᠋ᠨ ᠬᠥᠮᠦᠨ᠂ ᠨᠢᠭᠡ ᠴᠦ᠍ ᠴᠡᠷᠢᠭ ᠦ᠋ᠨ ᠶᠠᠪᠤᠳᠠᠯ ᠳ᠋ᠤ᠌ ᠮᠡᠷᠭᠡᠵᠢᠯ ᠪᠦᠬᠦᠢ ᠬᠥᠮᠦᠨ᠂ ᠵᠥᠪᠯᠡᠯᠲᠦ ᠵᠠᠰᠠᠭ ᠤ᠋ᠨ ᠳᠡᠢᠯᠬᠦ ᠳ᠋ᠦ᠍ ᠢᠲᠡᠭᠡᠳᠡᠭ ᠦᠭᠡᠢ᠂《ᠲᠡᠷᠡ ᠴᠦ᠍ ᠪᠠᠢᠲᠤᠭᠠᠢ᠂ ᠬᠠᠮᠤᠭ ᠤ᠋ᠨ ᠨᠡᠷᠡᠲᠦ ᠪᠢᠴᠢᠭ ᠦ᠋ᠨ ᠬᠥᠮᠦᠰ᠂ ᠴᠡᠷᠢᠭ ᠦ᠋ᠨ ᠶᠠᠪᠤᠳᠠᠯ ᠤ᠋ᠨ ᠡᠷᠳᠡᠮᠲᠡᠨ᠂ ᠤᠯᠤᠰ ᠢᠷᠭᠡᠨ ᠪᠦᠬᠦᠨ ᠦ᠌ ᠬᠤᠪᠢᠰᠬᠠᠯ ᠤ᠋ᠳ ᠤ᠋ᠨ ᠲᠡᠦᠬᠡᠴᠢᠨ ᠰᠤᠳᠤᠷᠴᠢᠨ᠂ ᠰᠢᠨᠵᠢᠯᠡᠬᠦ ᠤᠬᠠᠭᠠᠨ ᠤ᠋ ᠬᠥᠮᠦᠰ ᠬᠡᠮᠡᠭᠳᠡᠳᠡᠭ ᠪᠦᠬᠦᠨ᠂ ᠴᠥᠮ ᠵᠥᠪᠯᠡᠯᠲᠦ ᠵᠠᠰᠠᠭ ᠲᠣᠭᠲᠠᠬᠤ ᠬᠣᠨᠣᠭ ᠲᠣᠭᠠᠲᠠᠢ ᠪᠣᠯᠪᠠ᠃ ᠵᠥᠪᠯᠡᠯᠲᠦ ᠵᠠᠰᠠᠭ ᠵᠠᠢᠯᠠᠰᠢ ᠦᠭᠡᠢ ᠳᠠᠷᠤᠭᠳᠠᠨ᠎ᠠ ᠭᠡᠵᠦ ᠨᠢᠭᠡᠨ ᠳᠠᠭᠤ ᠪᠠᠷ ᠬᠠᠰᠬᠢᠷᠴᠠᠭᠠᠵᠤ ᠴᠤ᠌ ᠪᠠᠢᠭᠰᠠᠨ》* ᠲᠡᠷᠡ ᠦᠶ᠎ᠡ ᠳ᠋ᠦ᠍ ᠮᠣᠩᠭᠣᠯ ᠤ᠋ᠨ ᠠᠷᠠᠳ ᠲᠦᠮᠡᠨ ᠦ᠌ ᠪᠡᠷᠬᠡ ᠭᠠᠰᠢᠭᠤᠨ ᠢ᠋ ᠡᠳ᠋ᠯᠡᠵᠦ᠂ ᠬᠣᠢᠴᠢ ᠳ᠋ᠤ᠌ ᠶᠠᠮᠠᠷ ᠪᠣᠯᠬᠤ ᠨᠢ ᠬᠢᠲᠤᠭᠠᠨ ᠤ᠋ ᠢᠷ ᠳᠡᠭᠡᠷ᠎ᠡ ᠪᠠᠢᠭᠰᠠᠨ ᠴᠠᠭ ᠲᠤ᠌ ᠯᠧᠨᠢᠨ — ᠰᠲ᠋ᠠᠯᠢᠨ ᠢ᠋ᠶ᠋ᠠᠷ ᠤᠳᠤᠷᠢᠳᠤᠭᠤᠯᠤᠭᠰᠠᠨ ᠵᠥᠪᠯᠡᠯᠲᠦ ᠶ᠋ᠢᠨ ᠪᠠᠭᠠᠲᠤᠷ ᠠᠷᠠᠳ ᠲᠦᠮᠡᠨ ᠢᠯᠠᠨ ᠳᠡᠢᠯᠦᠨ᠎ᠡ ᠭᠡᠵᠦ ᠪᠠᠲᠤ ᠨᠤᠲᠠ ᠢᠲᠡᠭᠡᠵᠦ᠂ ᠠᠷᠠᠳ ᠲᠦᠮᠡᠨ ᠦ᠌ ᠪᠡᠨ ᠬᠤᠪᠢ ᠵᠠᠶᠠᠭ᠎ᠠ ᠶ᠋ᠢ ᠵᠥᠪᠯᠡᠯᠲᠦ ᠣᠷᠣᠨ ᠤ᠋ ᠬᠤᠪᠢ ᠵᠠᠶᠠᠭ᠎ᠠ ᠲᠠᠢ ᠬᠣᠯᠪᠣᠭᠰᠠᠨ᠂ ᠦᠯᠢᠭᠡᠷ ᠲᠡᠦᠬᠡᠨ ᠳ᠋ᠦ᠍ ᠣᠷᠣᠭᠰᠠᠨ ᠶᠡᠬᠡ ᠵᠠᠩᠵᠤᠨ᠂ ᠠᠷᠠᠳ ᠤ᠋ᠨ ᠨᠠᠮ ᠵᠠᠰᠠᠭ ᠢ᠋ ᠵᠣᠬᠢᠶᠠᠨ ᠪᠠᠢᠭᠤᠯᠤᠭᠰᠠᠨ ᠤᠳᠤᠷᠢᠳᠤᠭᠴᠢ ᠰᠦᠬᠡᠪᠠᠭᠠᠲᠤᠷ ᠤ᠋ᠨ ᠵᠦᠭ ᠲᠦᠮᠡᠨ ᠨᠢᠳᠦ ᠪᠠᠬᠠᠳᠤᠨ ᠰᠢᠷᠳᠡᠵᠡᠢ᠃
ᠰᠡᠳᠬᠢᠯ ᠵᠢᠷᠦᠬᠡᠨ ᠳ᠋ᠦ᠍ ᠳᠣᠲᠣᠨᠣ ᠰᠠᠢᠬᠠᠨ ᠠᠷᠠᠳ ᠤ᠋ᠨ ᠵᠢᠷᠤᠮᠲᠤ ᠴᠡᠷᠢᠭ᠂ ᠤᠳᠤᠷᠢᠳᠤᠭᠴᠢ ᠶᠡᠬᠡ ᠵᠠᠩᠵᠤᠨ ᠢ᠋ᠶ᠋ᠠᠨ ᠤᠭᠲᠤᠨ ᠳᠤᠰᠤᠷᠠ ᠭᠠᠷᠴᠤ ᠢᠷᠡᠭᠰᠡᠨ ᠨᠡᠢᠰᠯᠡᠯ ᠦ᠋ᠨ ᠲᠦᠮᠡᠨ ᠠᠷᠠᠳ ᠢ᠋ ᠪᠠᠬᠠᠷᠬᠠᠨ ᠬᠠᠷᠠᠵᠤ ᠶᠠᠪᠤᠭᠰᠠᠨ ᠰᠦᠬᠡᠪᠠᠭᠠᠲᠤᠷ ᠤ᠋ᠨ ᠡᠷᠡᠮᠡᠬᠡᠢ ᠵᠣᠷᠢᠭ ᠲᠡᠭᠦᠰ ᠲᠡᠨᠢᠭᠦᠨ ᠰᠠᠢᠬᠠᠨ ᠴᠢᠷᠠᠢ ᠳ᠋ᠤ᠌ ᠪᠠᠶᠠᠷ ᠢᠯᠡᠳᠬᠡᠭᠳᠡᠨ᠂ ᠣᠯᠠᠨ ᠤ᠋ ᠵᠦᠭ ᠬᠠᠯᠠᠢᠨ ᠶᠠᠪᠤᠯ᠎ᠠ᠃
ᠭᠠᠳᠠᠨ᠎ᠠ ᠠ᠋ᠴᠠ ᠦᠵᠡᠬᠦ ᠳ᠋ᠦ᠍᠂ ᠶᠡᠷᠦ ᠰᠦᠬᠡᠪᠠᠭᠠᠲᠤᠷ ᠢ᠋ ᠨᠢᠭᠡᠨ ᠵᠢᠯ ᠦ᠋ᠨ ᠡᠮᠦᠨ᠎ᠡ ᠠᠯᠤᠰ ᠤᠮᠠᠷ᠎ᠠ ᠵᠦᠭ ᠵᠣᠷᠢᠵᠤ᠂ ᠡᠵᠡᠷᠬᠡᠭ ᠲᠦᠷᠢᠮᠡᠬᠡᠢ ᠶ᠋ᠢ ᠵᠢᠭᠰᠢᠨ ᠡᠰᠡᠷᠭᠦᠴᠡᠭᠰᠡᠨ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡ ᠪᠡᠨ ᠲᠡᠮᠡᠴᠡᠭᠰᠡᠨ ᠲᠡᠮᠡᠴᠡᠯ ᠳ᠋ᠦ᠍ᠨᠢ( ᠳ᠋ᠦ᠍ ᠨᠢ) ᠬᠤᠪᠢᠰᠬᠠᠯᠲᠤ ᠣᠷᠣᠰ ᠤᠯᠤᠰ ᠤ᠋ᠨ ᠠᠵᠢᠯᠴᠢᠨ ᠲᠠᠷᠢᠶᠠᠴᠢᠨ ᠲᠤᠰᠠᠯᠠᠨ ᠲᠡᠳᠬᠦᠨ᠎ᠡ ᠭᠡᠵᠦ ᠴᠢᠩ ᠬᠦ᠌ ᠰᠠᠨᠠᠭᠠᠨ ᠠ᠋ᠴᠠ ᠢᠲᠡᠭᠡᠵᠦ᠂ ᠬᠦᠷᠢᠶᠡᠨ ᠡᠴᠡ ᠮᠣᠷᠳᠠᠭᠰᠠᠨ ᠲᠡᠷᠡ ᠦᠶ᠎ᠡ ᠡᠴᠡ ᠬᠣᠢᠰᠢ᠂ ᠬᠣᠲᠠ ᠶ᠋ᠢᠨ ᠪᠠᠢᠳᠠᠯ ᠲᠡᠳᠦᠢ ᠯᠡ ᠥᠭᠡᠷᠡᠴᠢᠯᠡᠭᠰᠡᠨ ᠦᠭᠡᠢ ᠮᠡᠲᠦ ᠠᠵᠢ᠃ ᠭᠠᠭᠴᠠ ᠬᠦ᠌ ᠲᠦᠷᠢᠮᠡᠬᠡᠢᠯᠡᠨ ᠡᠵᠡᠯᠡᠭᠰᠡᠨ ᠭᠠᠮᠢᠩ ᠤ᠋ᠨ ᠳᠠᠷᠤᠯᠠᠩᠭᠤᠢ ᠶᠡᠬᠡ ᠵᠠᠩ ᠲᠠᠢ ᠴᠡᠷᠢᠭ ᠣᠹᠢᠼᠧᠷ ᠦᠵᠡᠭᠳᠡᠬᠦ ᠦᠭᠡᠢ ᠪᠣᠯᠬᠤ ᠠ᠋ᠴᠠ ᠪᠢᠰᠢ᠂ ᠬᠦᠷᠢᠶᠡᠨ ᠦ᠌ ᠪᠤᠰᠤ ᠪᠠᠢᠳᠠᠯ ᠬᠠᠭᠤᠴᠢᠨ ᠬᠡᠪ ᠢ᠋ᠶ᠋ᠡᠷ ᠢ᠋ᠶ᠋ᠡᠨ ᠰᠢᠭ᠃ ᠥᠨᠥᠬᠢ ᠯᠡ ᠣᠯᠠᠨ ᠰᠦᠮ᠎ᠡ ᠳᠤᠭᠠᠩ᠂ ᠭᠠᠨᠳᠠᠩ ᠬᠦᠷᠢᠶ᠎ᠡ ᠶ᠋ᠢ ᠪᠦᠰᠡᠯᠡᠭᠰᠡᠨ ᠥᠨᠥᠬᠢ ᠯᠡ ᠣᠯᠠᠨ ᠬᠦᠷᠳᠦ᠂ ᠰᠢᠷᠤᠭ ᠮᠣᠳᠣ᠂ ᠭᠠᠵᠠᠷ ᠪᠣᠰᠤᠭ᠎ᠠ ᠵᠣᠭᠣᠭᠰᠠᠨ ᠥᠨᠥᠬᠢ ᠯᠡ ᠬᠠᠰᠢᠶ᠎ᠠ᠂ ᠮᠠᠭᠤ ᠵᠦᠭ ᠦ᠋ᠨ ᠬᠥᠮᠦᠨ ᠪᠤᠰᠤ ᠶ᠋ᠢᠨ ᠬᠣᠣᠷᠯᠠᠯ ᠠ᠋ᠴᠠ ᠬᠠᠮᠠᠭᠠᠯᠠᠵᠤ᠂ ᠯᠠᠮᠠ ᠨᠣᠶᠠᠳ ᠤ᠋ᠨ ᠬᠠᠰᠢᠶ᠎ᠠ ᠲᠣᠭᠣᠷᠢᠭᠤᠯᠤᠨ᠂ ᠲᠠᠷᠨᠢ ᠳᠠᠷᠤᠵᠤ ᠬᠡᠢᠰᠬᠡᠭᠰᠡᠨ ᠥᠨᠥᠬᠢ ᠯᠡ ᠲᠠᠪᠤᠨ ᠥᠩᠭᠡ ᠶ᠋ᠢᠨ ᠬᠡᠯᠬᠢᠶ᠎ᠡ ᠣᠯᠠᠨ ᠳᠠᠷᠴᠠᠭ᠂ ᠦᠢ ᠲᠦᠮᠡᠨ ᠥᠨᠥᠬᠢ ᠯᠡ ᠣᠯᠠᠨ ᠯᠠᠮᠠ ᠨᠠᠷ᠂ ᠬᠤᠳᠠᠯᠳᠤᠭᠠᠴᠢᠨ᠂ ᠮᠠᠢᠮᠠᠢᠴᠢᠨ᠂ ᠥᠨᠥᠬᠢ ᠯᠡ ᠨᠣᠶᠠᠳ ᠲᠦᠰᠢᠮᠡᠳ ᠦᠵᠡᠭᠳᠡᠭᠰᠡᠭᠡᠷ ᠠᠵᠢ᠃ ᠠᠯᠲᠠᠨ ᠬᠠᠳᠬᠤᠮᠠᠯ᠂ ᠲᠠᠵᠢ ᠮᠠᠩᠨᠤᠭ ᠲᠣᠷᠭᠠᠨ ᠬᠡᠲᠦᠷᠬᠡᠢ ᠬᠡᠭᠡᠨᠴᠡᠷ ᠬᠤᠪᠴᠠᠰᠤ ᠶ᠋ᠢ ᠨᠢ᠂ ᠶᠠᠳᠠᠭᠤ ᠭᠤᠢᠯᠢᠨᠴᠢᠨ ᠤ᠋ ᠤᠷᠠᠩᠬᠠᠢ ᠳᠡᠪᠡᠯ᠂ ᠦᠭᠡᠭᠦᠦ(ᠦᠭᠡᠢᠭᠦᠦ) ᠠᠢᠯ ᠤ᠋ᠨ ᠨᠣᠣᠷᠬᠠᠢ ᠬᠤᠪᠴᠠᠰᠤ ᠲᠠᠢ ᠨᠢᠴᠦᠭᠦᠨ ᠰᠢᠬᠠᠭᠤ ᠬᠡᠦᠬᠡᠳ ᠦ᠋ᠨ ᠪᠠᠢᠳᠠᠯ ᠲᠠᠢ ᠬᠠᠷᠢᠴᠠᠭᠤᠯᠵᠤ᠂ ᠶᠠᠳᠠᠭᠤ ᠬᠣᠭᠣᠰᠣᠨ ᠤ᠋ ᠵᠣᠪᠠᠯᠠᠩ ᠳ᠋ᠤ᠌ ᠬᠠᠪᠴᠢᠭᠳᠠᠨ᠂ ᠪᠠᠶᠠᠴᠤᠳ ᠨᠣᠶᠠᠳ ᠤ᠋ᠳ᠂ ᠮᠠᠢᠮᠠᠢ ᠳᠠᠩᠵᠢᠶᠠᠳ ᠤ᠋ᠨ ᠬᠤᠷᠢᠴᠠᠯ ᠲᠠᠴᠢᠶᠠᠩᠭᠤᠢ ᠶ᠋ᠢ ᠬᠠᠩᠭᠠᠵᠤ᠂ ᠡᠷᠡᠭᠦᠯ ᠰᠠᠢᠬᠠᠨ ᠪᠡᠶ᠎ᠡ ᠪᠡᠨ ᠡᠮᠭᠡᠭ ᠲᠡᠢ ᠪᠣᠯᠭᠠᠭᠰᠠᠨ᠂ ᠥᠲᠡᠯᠬᠦ ᠴᠠᠭ ᠠ᠋ᠴᠠ ᠪᠠᠨ ᠡᠮᠦᠨ᠎ᠡ ᠡᠪᠡᠳᠴᠢᠨ ᠵᠣᠪᠠᠯᠠᠩ ᠳ᠋ᠤ᠌ ᠠᠪᠲᠠᠭᠳᠠᠨ ᠥᠲᠡᠯᠦᠭᠰᠡᠨ ᠵᠠᠯᠠᠭᠤ ᠡᠮᠡᠰ ᠥᠬᠢᠳ ᠦ᠋ᠨ ᠣᠪᠣᠷ ᠶᠡᠬᠡᠲᠡᠢ ᠴᠢᠷᠠᠢ ᠯᠤᠭ᠎ᠠ᠂ ᠵᠢᠷᠭᠠᠯ ᠳ᠋ᠠᠭᠠᠨ( ᠳ᠋ᠤ᠌ ᠪᠠᠨ) ᠲᠠᠰᠢᠭᠤᠷᠠᠵᠤ᠂ ᠡᠷᠬᠡ ᠶᠠᠩᠪᠠᠨ ᠳ᠋ᠠᠭᠠᠨ( ᠳ᠋ᠤ᠌ ᠪᠠᠨ )ᠳᠡᠩᠳᠡᠴᠢᠭᠰᠡᠨ ᠶᠡᠬᠡ ᠵᠠᠩ ᠲᠠᠢ ᠴᠠᠳᠬᠤᠯᠠᠩ ᠴᠢᠷᠠᠢ ᠶ᠋ᠢ ᠨᠢ ᠬᠠᠷᠰᠢᠭᠤᠯᠬᠤ ᠳ᠋ᠤ᠌᠂ ᠬᠠᠭᠤᠴᠢᠨ ᠬᠦᠷᠢᠶᠡᠨ ᠦ᠌ ᠪᠠᠢᠳᠠᠯ ᠥᠨᠥᠬᠢ ᠯᠡ ᠬᠡᠪ ᠢ᠋ᠶ᠋ᠡᠷ ᠢ᠋ᠶ᠋ᠡᠨ ᠪᠠᠢᠭ᠎ᠠ ᠮᠡᠲᠦ᠃ ᠭᠡᠪᠡᠴᠦ ᠤᠯᠠᠭᠠᠨ ᠡᠷᠳᠡᠨᠢ᠂ ᠱ᠌ᠢᠷᠦᠨ ᠵᠢᠩᠰᠡ ᠲᠡᠢ᠂ ᠲᠣᠭᠣᠰ ᠤ᠋ᠨ ᠥᠲᠥᠨ ᠤᠲᠤᠭ᠎ᠠ ᠲᠠᠢ᠂ ᠭᠣᠶᠣ ᠳᠡᠪᠡᠯ ᠲᠡᠢ ᠮᠣᠷᠢᠲᠠᠨ ᠨᠤᠭᠤᠳ ᠤ᠋ᠨ ᠴᠢᠷᠠᠢ ᠳ᠋ᠤᠨᠢ( ᠳ᠋ᠤ᠌ ᠨᠢ )ᠠᠶᠤᠨ ᠡᠮᠢᠶᠡᠵᠦ᠂ ᠪᠢᠲᠡᠭᠦᠦ ᠪᠡᠷ ᠰᠡᠵᠢᠭᠯᠡᠨ ᠬᠢᠷᠳ᠋ᠬᠢᠭᠰᠡᠨ ᠰᠢᠨᠵᠢᠲᠡᠢ ᠠᠵᠢᠶᠠᠮᠤ᠃ ᠭᠡᠪᠡᠴᠦ ᠵᠣᠪᠠᠯᠠᠩ ᠵᠦᠳᠡᠭᠦᠷᠢ ᠳ᠋ᠦ᠍ ᠳᠠᠷᠤᠭᠳᠠᠵᠤ᠂ ᠪᠥᠭᠴᠥᠢᠭᠰᠡᠨ ᠨᠢᠷᠤᠭᠤᠲᠠᠨ ᠨᠤᠭᠤᠳ ᠤ᠋ᠨ ᠦᠷᠴᠢᠭᠢᠷ ᠮᠠᠩᠨᠠᠢ ᠬᠣᠷᠴᠢᠭᠢᠷ ᠴᠡᠭᠡᠵᠢ ᠨᠢ ᠲᠡᠨᠢᠢᠵᠦ᠂ ᠵᠤᠨ ᠤ᠋ ᠲᠡᠷᠡ ᠨᠠᠷᠠ ᠲᠠᠢ ᠰᠠᠢᠬᠠᠨ ᠡᠳᠦᠷ᠂ ᠭᠡᠭᠡᠬᠡᠨ ᠨᠠᠷᠠᠨ ᠤ᠋ ᠰᠠᠢᠬᠠᠨ ᠲᠤᠶᠠᠭ᠎ᠠ ᠲᠤᠰᠤᠭᠰᠠᠨ ᠠᠳᠠᠯᠢ᠂ ᠶᠠᠳᠠᠭᠤᠰ ᠤ᠋ᠨ ᠡᠴᠡᠩᠭᠢᠷ ᠴᠢᠷᠠᠢ ᠳ᠋ᠤ᠌ ᠪᠠᠶᠠᠷ ᠢᠯᠡᠳᠬᠡᠭᠳᠡᠨ᠂ ᠠᠷᠠᠳ ᠲᠦᠮᠡᠨ ᠦ᠌ ᠳᠤᠮᠳᠠ ᠠ᠋ᠴᠠ ᠭᠠᠷᠤᠭᠠᠳ ᠠᠷᠠᠳ ᠲᠦᠮᠡᠨ ᠳ᠋ᠡᠭᠡᠨ( ᠳ᠋ᠦ᠍ ᠪᠡᠨ )ᠡᠷᠬᠡ ᠴᠢᠯᠥᠭᠡ ᠶ᠋ᠢ ᠨᠢ ᠪᠠᠢᠯᠳᠤᠨ ᠣᠯᠵᠤ ᠥᠭᠭᠦᠭᠰᠡᠨ ᠵᠢᠷᠤᠮᠲᠤ ᠴᠡᠷᠢᠭ ᠢ᠋ᠶ᠋ᠡᠨ ᠬᠠᠷᠠᠬᠤ ᠳ᠋ᠠᠭᠠᠨ( ᠳ᠋ᠤ᠌ ᠪᠠᠨ)᠂ ᠣᠯᠠᠨ ᠤ᠋ ᠴᠢᠷᠠᠢ ᠳ᠋ᠤᠨᠢ( ᠳ᠋ᠤ᠌ ᠨᠢ) ᠤᠷᠢ ᠵᠠᠯᠠᠭᠤ ᠶ᠋ᠢᠨ ᠴᠣᠭ᠂ ᠨᠢᠳᠦᠨ ᠳ᠋ᠦ᠍ᠨᠢ( ᠳ᠋ᠦ᠍ ᠨᠢ) ᠢᠳᠡᠷ ᠵᠣᠷᠢᠭ ᠲᠠᠢ ᠶ᠋ᠢᠨ ᠭᠠᠯ᠂ ᠥᠪᠡᠷ ᠦ᠋ᠨ ᠢ᠋ᠶ᠋ᠡᠨ ᠬᠦᠴᠦᠨ ᠳ᠋ᠦ᠍ ᠢᠲᠡᠭᠡᠬᠦ ᠶ᠋ᠢᠨ ᠪᠠᠬᠠᠷᠬᠠᠯ ᠭᠢᠯᠠᠯᠵᠠᠵᠤ ᠪᠠᠢᠭᠰᠠᠨ ᠲᠡᠷᠡ ᠪᠠᠢᠳᠠᠯ ᠢ᠋ ᠠᠵᠢᠭᠯᠠᠨ ᠦᠵᠡᠪᠡᠯ᠂
ᠡᠳᠦᠷ ᠦ᠋ᠨ ᠲᠤᠤᠱ ᠯᠠᠮᠠ ᠨᠠᠷ ᠤ᠋ᠨ ᠬᠤᠩᠬ᠎ᠠ ᠳᠠᠮᠠᠷᠤ ᠶ᠋ᠢᠨ ᠳᠠᠭᠤ ᠲᠡᠰᠦᠷᠡᠰᠢ ᠦᠭᠡᠢ᠂
ᠰᠥᠨᠢ ᠶ᠋ᠢᠨ ᠲᠤᠤᠱ ᠨᠣᠬᠠᠢ ᠶ᠋ᠢᠨ ᠭᠠᠩᠭᠢᠨᠠᠬᠤ ᠬᠤᠴᠠᠬᠤ ᠳᠠᠭᠤ ᠲᠠᠰᠤᠷᠠᠳᠠᠭ ᠦᠭᠡᠢ᠂
ᠡᠳᠦᠷ ᠦ᠋ᠨ ᠲᠤᠤᠱ ᠶᠠᠭᠤᠮ᠎ᠠ ᠬᠠᠢᠷᠠᠯᠠ ᠭᠡᠵᠦ ᠭᠠᠷ ᠢ᠋ᠶ᠋ᠠᠨ ᠰᠡᠷᠪᠡᠢᠨ ᠵᠣᠭᠰᠣᠭᠠᠳ᠂
ᠰᠥᠨᠢ ᠶ᠋ᠢᠨ ᠲᠤᠤᠱ ᠰᠡᠭᠦᠷᠡᠰᠦ ᠠᠯᠲᠠᠨ ᠶᠠᠳᠠᠭᠤᠰ ᠤ᠋ᠨ ᠭᠠᠰᠠᠯᠤᠨ ᠭᠠᠰᠢᠭᠤᠳᠠᠳᠠᠭ ᠪᠣᠭᠳᠠ ᠶ᠋ᠢᠨ ᠬᠦᠷᠢᠶᠡᠨ᠎ᠡ ᠰᠦᠬᠡᠪᠠᠭᠠᠲᠤᠷ ᠵᠠᠩᠵᠤᠨ ᠤ᠋ ᠠᠷᠠᠳ ᠤ᠋ᠨ ᠵᠢᠷᠤᠮᠲᠤ ᠴᠡᠷᠢᠭ᠂ ᠠᠬ᠎ᠠ ᠳᠡᠭᠦᠦ ᠵᠥᠪᠯᠡᠯᠲᠦ ᠤᠯᠤᠰ ᠤ᠋ᠨ ᠤᠯᠠᠭᠠᠨ ᠴᠡᠷᠢᠭ ᠦ᠋ᠨ ᠣᠷᠣᠵᠤ ᠢᠷᠡᠬᠦ ᠳ᠋ᠦ᠍᠂ ᠭᠠᠰᠢᠭᠤᠨ ᠵᠣᠪᠠᠯᠠᠩ ᠳ᠋ᠤ᠌ ᠳᠠᠷᠤᠭᠳᠠᠨ ᠭᠤᠨᠢᠭᠠᠷᠠᠵᠤ᠂ ᠳᠠᠷᠤᠯᠠᠭᠳᠠᠨ ᠳᠣᠷᠣᠮᠵᠢᠯᠠᠭᠳᠠᠵᠤ ᠪᠠᠢᠭᠰᠠᠨ ᠬᠥᠮᠦᠨ ᠠᠷᠠᠳ ᠤ᠋ᠨ ᠰᠡᠳᠬᠢᠯ ᠳ᠋ᠦ᠍ ᠶᠠᠭᠤᠲᠠᠢ ᠰᠠᠢᠬᠠᠨ ᠪᠠᠢᠭᠰᠠᠨ ᠢ᠋ ᠮᠡᠳᠡᠬᠦᠶ᠎ᠡ ᠬᠢᠯᠪᠠᠷ ᠠᠵᠢ᠃
ᠵᠡᠭᠦᠨ ᠬᠦᠷᠢᠶᠡᠨ ᠦ᠌ ᠡᠮᠦᠨᠡᠬᠢ ᠠᠭᠤᠳᠠᠮ ᠶᠡᠬᠡ ᠬᠠᠯᠵᠠ ᠭᠠᠵᠠᠷ᠂ ᠠᠷᠠᠳ ᠤ᠋ᠨ ᠵᠢᠷᠤᠮ ᠤ᠋ᠨ ᠴᠡᠷᠢᠭ᠂ ᠵᠥᠪᠯᠡᠯᠲᠦ ᠶ᠋ᠢᠨ ᠤᠯᠠᠭᠠᠨ ᠴᠡᠷᠢᠭ ᠦ᠋ᠨ ᠮᠣᠷᠢᠲᠤ ᠴᠡᠷᠢᠭ᠂ ᠫᠦᠯᠧᠮᠶᠣᠲ ᠭᠡᠳᠡᠭ ᠮᠠᠰᠢᠨ᠎ᠠ ᠶ᠋ᠢᠨ ᠫᠤᠤ ᠶ᠋ᠢᠨ ᠴᠡᠷᠢᠭ᠂ ᠶᠡᠬᠡ ᠫᠤᠤ ᠶ᠋ᠢᠨ ᠴᠡᠷᠢᠭ ᠦ᠋ᠨ ᠵᠢᠭᠰᠠᠭᠠᠯ ᠵᠣᠭᠰᠣᠭᠠᠳ᠂ ᠰᠦᠬᠡᠪᠠᠭᠠᠲᠤᠷ ᠵᠠᠩᠵᠤᠨ᠂ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠢᠳᠬᠡᠬᠦ ᠭᠠᠵᠠᠷ ᠤ᠋ᠨ ᠭᠡᠰᠢᠭᠦᠳ ᠦ᠋ᠨ ᠬᠠᠮᠲᠤ᠂ ᠲᠤᠤᠯᠠ ᠭᠣᠣᠯ ᠤ᠋ᠨ ᠬᠣᠢᠲᠤ ᠬᠥᠪᠡᠭᠡ ᠨᠣᠭᠣᠭᠠᠨ ᠣᠷᠳᠣᠨ ᠤ᠋ ᠵᠦᠭ ᠮᠣᠷᠳᠠᠯ᠎ᠠ᠃ ᠣᠷᠳᠣᠨ᠎ᠠ ᠣᠢᠷᠠᠳᠬᠤ ᠦᠶᠡᠰ᠂ ᠬᠠᠷᠰᠢ ᠶ᠋ᠢᠨ ᠳᠣᠲᠣᠷ᠎ᠠ ᠶᠡᠬᠡᠯ᠎ᠡ(ᠶᠡᠬᠡ ᠯᠡ )ᠰᠠᠨᠳᠤᠷᠤᠨ ᠦᠢᠮᠡᠯᠳᠦᠵᠦ᠂ ᠰᠢᠳᠠᠷ ᠯᠠᠮᠠ᠂ ᠬᠠᠭᠠᠯᠭᠠᠴᠢ᠂ ᠰᠣᠶᠣᠭ ᠨᠠᠷ ᠴᠠᠭᠠᠰᠢ ᠨᠠᠭᠠᠰᠢ ᠭᠦᠶᠦᠯᠳᠦᠯᠡ᠃
ᠪᠠᠷᠠᠯᠬᠠᠬᠤ ᠶᠡᠬᠡ ᠲᠠᠩᠬᠢᠮ ᠳ᠋ᠤ᠌ ᠪᠣᠭᠳᠠ ᠬᠠᠭᠠᠨ ᠲᠠᠨ᠎ᠠ ᠰᠢᠭᠢᠳᠬᠡᠭᠰᠡᠨ ᠰᠢᠷᠡᠭᠡᠨ᠎ᠡ ᠰᠠᠭᠤᠵᠤ᠂ ᠰᠦᠬᠡᠪᠠᠭᠠᠲᠤᠷ ᠲᠡᠷᠢᠭᠦᠲᠡᠢ ᠠᠷᠠᠳ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠢᠳᠬᠡᠬᠦ ᠭᠠᠵᠠᠷ ᠤ᠋ᠨ ᠭᠡᠰᠢᠭᠦᠳ ᠢ᠋ ᠪᠠᠷᠠᠯᠬᠠᠭᠤᠯᠤᠯᠠ᠃ ᠬᠠᠭᠠᠨ ᠤ᠋ ᠬᠠᠵᠠᠭᠤ ᠳ᠋ᠤ᠌ ᠮᠥᠨ ᠨᠢᠭᠡᠨ ᠠᠳᠠᠯᠢ ᠰᠢᠷᠡᠭᠡᠨ᠎ᠡ ᠤᠯᠤᠰ ᠤ᠋ᠨ ᠡᠬᠡ ᠳᠠᠭᠢᠨᠢ ᠰᠠᠭᠤᠭᠰᠠᠨ ᠨᠢ᠂ ᠣᠪᠣᠷ ᠪᠠᠢᠳᠠᠯ ᠨᠢ ᠱᠠᠯᠬᠠᠢᠲᠠᠯᠠ ᠮᠠᠷᠢᠶᠠᠵᠢᠨ ᠥᠲᠡᠯᠵᠡᠢ᠃
ᠨᠢᠳᠦ ᠪᠠᠯᠠᠢ ᠪᠣᠯᠤᠭᠰᠠᠨ ᠬᠠᠭᠠᠨ᠂ ᠲᠣᠮᠣ ᠭᠡᠭᠴᠢ ᠶ᠋ᠢᠨ ᠬᠠᠷ᠎ᠠ ᠰᠢᠯ ᠵᠡᠭᠦᠭᠡᠳ᠂ ᠰᠣᠬᠣᠷ ᠬᠥᠮᠦᠨ ᠦ᠌ ᠵᠠᠩᠰᠢᠯ ᠢ᠋ᠶ᠋ᠠᠷ ᠬᠦᠵᠦᠭᠦᠦ ᠶ᠋ᠢ ᠰᠤᠩᠭᠠᠵᠤ᠂ ᠬᠥᠮᠦᠨ ᠦ᠌ ᠣᠷᠣᠵᠤ ᠢᠷᠡᠬᠦ ᠴᠢᠮᠡᠭᠡ ᠴᠢᠩᠨᠠᠨ ᠰᠠᠭᠤᠪᠠ᠃
ᠰᠦᠬᠡᠪᠠᠭᠠᠲᠤᠷ ᠲᠡᠷᠡ ᠴᠠᠭ ᠤ᠋ᠨ ᠶᠣᠰᠣ ᠳᠠᠭᠠᠵᠤ᠂ ᠨᠥᠬᠥᠳ ᠰᠡᠯᠲᠡ ᠪᠡᠷ ᠪᠣᠭᠳᠠ ᠶ᠋ᠢᠨ ᠡᠮᠦᠨ᠎ᠡ ᠣᠴᠢᠵᠤ ᠮᠣᠳᠣᠷ ᠤ᠋ᠨ ᠠᠳᠢᠰ ᠠᠪᠤᠪᠠᠴᠤ᠂ ᠪᠣᠭᠳᠠ ᠬᠦᠵᠦᠭᠦᠦ ᠰᠤᠩᠭᠠᠨ ᠴᠢᠩᠨᠠᠬᠤ ᠪᠠᠢᠳᠠᠯ ᠢ᠋ ᠦᠯᠦ ᠥᠭᠡᠷᠡᠴᠢᠯᠡᠨ᠂ ᠲᠡᠷᠢᠭᠦᠨ ᠢ᠋ ᠣᠭᠲᠣ ᠬᠥᠳᠡᠯᠭᠡᠯ ᠦᠭᠡᠢ᠂ ᠰᠥᠭᠡᠩᠭᠢ ᠳᠠᠭᠤ ᠪᠠᠷ᠄
— ᠵᠠᠩᠵᠤᠨ ᠤ᠋ ᠪᠡᠶ᠎ᠡ ᠰᠠᠢᠨ ᠤᠤ᠂ ᠠᠶᠠᠨ ᠵᠠᠮ ᠳ᠋ᠤ᠌ ᠰᠠᠢᠨ ᠶᠠᠪᠤᠵᠤ ᠢᠷᠡᠪᠡ ᠤᠤ? ᠭᠡᠵᠦ ᠠᠰᠠᠭᠤᠪᠠᠰᠤ᠂ ᠰᠦᠬᠡᠪᠠᠭᠠᠲᠤᠷ᠂ ᠬᠤᠷᠢᠴᠠᠩᠭᠤᠢ ᠶ᠋ᠢᠨ ᠰᠢᠨᠵᠢ ᠪᠦᠷᠢᠳᠦᠨ ᠰᠢᠩᠭᠡᠭᠰᠡᠨ ᠦᠬᠦᠭᠡᠨᠴᠡ ᠮᠡᠷᠭᠦ ᠴᠢᠷᠠᠢ ᠲᠠᠢ᠂ ᠤᠨᠵᠢᠭᠰᠠᠨ ᠬᠠᠴᠠᠷ ᠲᠠᠢ᠂ ᠰᠦᠷ ᠵᠢᠪᠬᠤᠯᠠᠩ ᠮᠠᠭᠤ ᠲᠠᠢ᠂ ᠱᠠᠯᠬᠠᠭᠠᠷ ᠪᠡᠶ᠎ᠡ ᠲᠡᠢ ᠪᠣᠭᠳᠠ ᠶ᠋ᠢ ᠰᠢᠷᠪᠢᠨ ᠬᠠᠷᠠᠭᠠᠳ᠂
— ᠵᠠ᠂ ᠰᠠᠢᠨ ᠶᠠᠪᠤᠵᠤ᠂ ᠠᠷᠠᠳ ᠤ᠋ᠨ ᠶᠡᠬᠡ ᠦᠢᠯᠡᠰ ᠢ᠋ ᠪᠦᠲᠦᠭᠡᠵᠦ ᠢᠷᠡᠯ᠎ᠡ ᠭᠡᠪᠡ᠃
ᠪᠠᠷᠠᠭᠠᠯᠬᠠᠨ(ᠪᠠᠷᠠᠯᠬᠠᠨ) ᠬᠡᠯᠡᠯᠴᠡᠬᠦ ᠵᠦᠢᠯ ᠡᠭᠦᠪᠡᠷ ᠲᠡᠭᠦᠰᠴᠦ ᠰᠦᠬᠡᠪᠠᠭᠠᠲᠤᠷ ᠵᠠᠩᠵᠤᠨ ᠰᠦ ᠲᠣᠰᠣ ᠬᠥᠭᠡᠷᠴᠡᠭᠳᠡᠭᠰᠡᠨ ᠠᠭ᠎ᠠ ᠲᠠᠢ ᠲᠥᠪᠡᠳ ᠴᠠᠢ ᠪᠠᠷᠢᠭᠰᠠᠨ ᠠ᠋ᠴᠠ ᠠᠮᠰᠠᠭᠠᠳ᠂ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠢᠳᠬᠡᠬᠦ ᠵᠠᠰᠠᠭ ᠤ᠋ᠨ ᠭᠡᠰᠢᠭᠦᠳ ᠨᠥᠬᠥᠳ ᠰᠡᠯᠲᠡ ᠪᠡᠷ ᠭᠠᠷᠴᠤ ᠣᠳᠪᠠᠰᠤ《ᠲᠥᠷᠥᠯ ᠠᠷᠠᠯᠵᠢᠭᠤᠯᠤᠭᠴᠢ ᠶᠡᠬᠡ ᠳᠠᠭᠢᠨᠢ》 ᠵᠠᠩᠵᠤᠨ ᠤ᠋ ᠬᠣᠢᠨ᠎ᠠ ᠠ᠋ᠴᠠ ᠰᠣᠨᠢᠷᠬᠠᠭᠰᠠᠨ ᠨᠢᠳᠦ ᠭᠠᠷᠭᠠᠵᠤ᠂ ᠰᠢᠷᠲᠡᠯᠬᠢᠯᠡᠨ ᠬᠠᠷᠠᠭᠰᠠᠭᠠᠷ ᠬᠣᠴᠣᠷᠪᠠ᠃
《ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ》 ᠤ᠋ᠨ ᠣᠯᠠᠨ ᠰᠠᠢᠳ᠂ ᠰᠦᠬᠡᠪᠠᠭᠠᠲᠤᠷ ᠵᠠᠩᠵᠤᠨ ᠤ᠋ ᠴᠡᠷᠢᠭ ᠳᠡ ᠬᠦᠷᠢᠶᠡᠨ᠎ᠡ ᠣᠷᠣᠵᠤ ᠢᠷᠡᠭᠰᠡᠨ ᠮᠡᠳᠡᠭᠡ ᠰᠣᠨᠣᠰᠤᠮᠠᠭᠴᠠ᠂ ᠴᠡᠷᠢᠭ ᠦ᠋ᠨ ᠶᠠᠮᠤᠨ᠎ᠠ ᠰᠡᠩᠳᠡᠨ ᠮᠡᠩᠳᠡᠨ ᠴᠤᠭᠯᠠᠵᠤ《ᠠᠷᠠᠳ ᠤ᠋ᠨ ᠨᠠᠮ ᠤ᠋ᠨ ᠴᠡᠷᠢᠭ》 ᠢ᠋ ᠤᠭᠲᠤᠨ ᠶᠣᠰᠣᠯᠠᠷᠠ ᠴᠣᠬᠣᠮ ᠬᠡᠨ ᠢ᠋ ᠶᠠᠪᠤᠭᠤᠯᠬᠤ ᠪᠢᠯᠡ? ᠭᠡᠵᠦ ᠮᠠᠷᠭᠤᠯᠳᠤᠨ ᠲᠡᠮᠡᠴᠡᠵᠦ᠂ ᠬᠥᠮᠦᠨ ᠪᠦᠷᠢ ᠠᠮᠢ ᠬᠣᠬᠢᠷᠠᠬᠤ ᠠ᠋ᠴᠠ ᠠᠶᠤᠨ ᠡᠮᠢᠶᠡᠵᠦ᠂ ᠪᠢ ᠴᠢᠳᠠᠬᠤ ᠦᠭᠡᠢ᠂ ᠪᠢ ᠴᠢᠳᠠᠬᠤ ᠦᠭᠡᠢ ᠭᠡᠵᠡᠭᠡᠯ᠎ᠡ᠃
ᠲᠡᠭᠡᠲᠡᠯ᠎ᠡ᠂ ᠶᠡᠬᠡ ᠴᠡᠷᠢᠭ ᠵᠡᠭᠦᠨ ᠬᠦᠷᠢᠶᠡᠨ ᠦ᠌ ᠡᠮᠦᠨᠡᠬᠢ ᠴᠢᠯᠦᠭᠡᠨ᠎ᠡ ᠵᠣᠭᠰᠣᠵᠤ᠂ ᠰᠦᠬᠡᠪᠠᠭᠠᠲᠤᠷ ᠨᠠᠷ ᠨᠣᠭᠣᠭᠠᠨ ᠣᠷᠳᠣᠨ ᠤ᠋ ᠵᠦᠭ ᠳᠠᠪᠬᠢᠨ ᠣᠳᠤᠭᠰᠠᠨ ᠮᠡᠳᠡᠭᠡ ᠣᠯᠵᠤ ᠰᠣᠨᠣᠰᠤᠭᠠᠳ᠂ ᠬᠢᠲᠤᠭ᠎ᠠ ᠶ᠋ᠢᠨ ᠢᠷ ᠳᠡᠭᠡᠷ᠎ᠡ ᠪᠠᠢᠭᠰᠠᠨ ᠠᠳᠠᠯᠢ ᠡᠮᠢᠶᠡᠭᠰᠡᠨ ᠰᠠᠢᠳ ᠨᠣᠶᠠᠳ ᠪᠠᠬᠠᠨ ᠳᠣᠲᠣᠷ᠎ᠠ ᠣᠩᠭᠣᠢᠪᠠ᠃
ᠰᠦᠬᠡᠪᠠᠭᠠᠲᠤᠷ ᠵᠠᠩᠵᠤᠨ ᠲᠡᠭᠡᠵᠦ ᠬᠠᠭᠠᠨ ᠤ᠋ ᠣᠷᠳᠣᠨ ᠤ᠋ ᠵᠦᠭ ᠣᠳᠤᠭᠰᠠᠨ ᠨᠢ᠂ ᠲᠦᠮᠡᠨ ᠣᠯᠠᠨ ᠱᠠᠪᠢ ᠨᠠᠷ ᠤ᠋ᠨ ᠯᠠᠮᠠ ᠪᠠᠭᠰᠢ᠂ ᠱᠠᠰᠢᠨ ᠲᠥᠷᠥ ᠶ᠋ᠢ ᠬᠣᠣᠰᠯᠠᠨ ᠪᠠᠷᠢᠬᠤ ᠬᠠᠭᠠᠨ ᠢ᠋ ᠬᠦᠨᠳᠦᠳᠬᠡᠨ ᠡᠷᠬᠢᠮᠯᠡᠬᠦ ᠪᠣᠯᠪᠠ ᠤᠤ? ᠭᠠᠮᠢᠩ ᠤ᠋ᠨ ᠠᠳᠠᠯᠢ ᠬᠠᠭᠠᠨ ᠢ᠋ ᠬᠠᠷ᠎ᠠ ᠭᠡᠷ ᠲᠦ᠍ ᠬᠣᠷᠢᠬᠤ ᠭᠡᠵᠦ ᠪᠠᠢᠨᠠᠤ(ᠪᠠᠢᠨ᠎ᠠ ᠤᠤ)? ᠤᠲᠠᠰᠤ ᠪᠠᠷ ᠣᠷᠳᠣᠨ ᠤ᠋ ᠪᠠᠢᠳᠠᠯ ᠢ᠋ ᠮᠡᠳᠡᠶ᠎ᠡ ᠭᠡᠪᠡᠯ᠂ ᠤᠲᠠᠰᠤᠨ ᠤ᠋ ᠬᠣᠷᠢᠶ᠎ᠠ ᠶ᠋ᠢ ᠤᠯᠠᠭᠠᠨᠲᠠᠨ ᠡᠵᠡᠯᠡᠵᠦ᠂ ᠤᠲᠠᠰᠤᠳᠠᠬᠤ ᠳ᠋ᠤ᠌ ᠠᠶᠤᠯ ᠲᠠᠢ᠃
ᠪᠢᠳᠡ ᠣᠳᠣ ᠶᠠᠭᠠᠬᠢᠪᠠᠯ ᠳᠡᠭᠡᠷ᠎ᠡ ᠪᠣᠢ? ᠰᠤᠷᠭᠠᠯ ᠵᠢᠭᠠᠪᠤᠷᠢ ᠪᠠᠨ ᠬᠠᠢᠷᠠᠯᠠᠨ ᠰᠣᠶᠣᠷᠬᠠᠮᠤ᠃ ᠥᠨᠥᠬᠢ ᠰᠦᠬᠡᠪᠠᠭᠠᠲᠤᠷ ᠭᠡᠳᠡᠭ ᠲᠤᠨᠢ ᠡᠯᠴᠢ ᠶᠠᠪᠤᠭᠤᠯᠵᠤ᠂ ᠠᠮᠤᠷ ᠢ᠋ ᠨᠢ ᠠᠰᠠᠭᠤᠳᠠᠭ ᠶᠤᠮ ᠪᠢᠯᠢᠤ᠃ ᠶᠠᠭᠠᠬᠢᠳᠠᠭ ᠶᠤᠮ ᠪᠣᠯ? ᠭᠡᠵᠦ ᠰᠠᠩ ᠤ᠋ᠨ ᠶᠠᠮᠤᠨ ᠤ᠋ ᠰᠠᠢᠳ᠂ ᠰᠢᠨᠲᠠᠭᠠᠷ ᠬᠠᠮᠠᠷ ᠲᠠᠢ ᠴᠠᠪᠠᠩ ᠲᠡᠷᠢᠭᠦᠨ᠂ ᠮᠠᠨᠵᠤᠰᠢᠷᠢ ᠬᠤᠲᠤᠭᠲᠤ ᠠ᠋ᠴᠠ ᠠᠰᠠᠭᠤᠵᠠᠢ᠃
ᠶᠡᠷᠦᠩᠬᠡᠢ ᠰᠠᠢᠳ ᠢ᠋ ᠬᠠᠮᠢᠶᠠᠷᠤᠭᠰᠠᠨ《ᠬᠤᠲᠤᠭᠲᠤ ᠰᠠᠢᠳ》 ᠮᠠᠨᠵᠤᠰᠢᠷᠢ ᠯᠠᠮᠠ᠂ ᠰᠠᠢᠬᠠᠨ ᠦᠨᠦᠷᠲᠦ ᠠᠭᠠᠷᠤ ᠽᠠᠨᠳᠠᠨ ᠡᠷᠢᠭᠡ ᠪᠡᠨ ᠡᠷᠭᠢᠭᠦᠯᠦᠨ᠂ ᠨᠢᠭᠡ ᠬᠡᠰᠡᠭ ᠳᠠᠭᠤ ᠦᠭᠡᠢ ᠰᠠᠭᠤᠭᠠᠳ᠂
— ᠡᠷᠬᠢᠮ ᠰᠠᠢᠳ ᠲᠠ ᠴᠣᠬᠣᠮ ᠬᠡᠨ ᠢ᠋ ᠶᠠᠪᠤᠭᠤᠯᠤᠶ᠎ᠠ ᠭᠡᠵᠦ ᠪᠣᠳᠣᠵᠤ ᠪᠠᠢᠨ᠎ᠠ ᠭᠡᠮᠡᠨ ᠨᠠᠮ ᠳᠠᠭᠤ ᠪᠠᠷ ᠠᠰᠠᠭᠤᠪᠠᠰᠤ᠂
— ᠳᠠ ᠯᠠᠮᠠ ᠫᠣᠩᠰᠤᠭᠳᠣᠷᠵᠢ ᠶ᠋ᠢ ᠯᠡ ᠶᠠᠪᠤᠭᠤᠯᠤᠮᠠᠷ ᠭᠡᠵᠦ ᠰᠠᠨᠠᠵᠤ ᠪᠠᠢᠨ᠎ᠠ᠃ ᠰᠦᠬᠡᠪᠠᠭᠠᠲᠤᠷ ᠲᠤ᠌ ᠶᠡᠬᠡ ᠲᠤᠰᠠᠯᠠᠵᠤ᠂ ᠣᠷᠣᠰ ᠤ᠋ᠨ ᠵᠠᠰᠠᠭ ᠤ᠋ᠨ ᠭᠠᠵᠠᠷ ᠤᠯᠠᠮᠵᠢᠯᠠᠬᠤ ᠪᠣᠭᠳᠠ ᠶ᠋ᠢᠨ ᠲᠠᠮᠠᠭᠠᠲᠤ ᠪᠢᠴᠢᠭ ᠣᠯᠵᠤ ᠥᠭᠭᠦᠭᠰᠡᠨ ᠲᠤᠯᠠ᠂ ᠠᠷᠠᠳ ᠤ᠋ᠨ ᠨᠠᠮ ᠤ᠋ᠨ ᠬᠢᠨ ᠦ᠌ ᠡᠮᠦᠨ᠎ᠡ ᠭᠠᠪᠢᠶ᠎ᠠ ᠵᠢᠳᠬᠦᠯᠲᠡᠢ ᠬᠥᠮᠦᠨ ᠭᠡᠵᠦ ᠦᠵᠡᠪᠡᠯ ᠪᠣᠯᠤᠨ᠎ᠠ᠃ ᠳ᠋ᠠ ᠯᠠᠮᠠ ᠲᠠᠢ ᠪᠡᠢᠯᠡ ᠮᠠᠭᠰᠤᠷ ᠬᠤᠷᠴᠠ ᠶᠠᠪᠤᠪᠠᠯ ᠵᠦᠭᠡᠷ ᠪᠣᠯᠪᠠᠤ? ᠲᠡᠭᠦᠨ ᠦ᠌ ᠬᠦᠦ ᠳᠤᠭᠠᠷᠵᠠᠪ᠂ ᠰᠦᠬᠡᠪᠠᠭᠠᠲᠤᠷ ᠤ᠋ᠨ ᠴᠡᠷᠢᠭ ᠲᠦ᠍ ᠪᠣᠢ ᠲᠤᠯᠠ ᠮᠠ᠊ ᠪᠡᠢᠯᠡ ᠶ᠋ᠢ《ᠪᠠᠷᠤᠭ ᠤᠯᠠᠭᠠᠨ》 ᠭᠡᠵᠦ ᠦᠵᠡᠵᠦ ᠪᠣᠯᠤᠨ᠎ᠠ ᠭᠡᠵᠡᠢ᠃
ᠲᠡᠷᠡ ᠮᠠ᠊ ᠪᠡᠢᠯᠡ ᠭᠡᠳᠡᠭ ᠮᠠᠭᠰᠤᠷᠵᠠᠪ ᠬᠤᠷᠴᠠ ᠪᠣᠯᠪᠠᠯ ᠶᠣᠰᠣ ᠬᠠᠤᠯᠢ ᠰᠦᠷᠡᠬᠡᠢ ᠮᠡᠳᠡᠳᠡᠭ ᠪᠥᠭᠡᠳ《ᠵᠠᠷᠯᠢᠭ ᠢ᠋ᠶ᠋ᠠᠷ ᠲᠣᠭᠲᠠᠭᠠᠭᠰᠠᠨ ᠮᠣᠩᠭᠣᠯ ᠤᠯᠤᠰ ᠤ᠋ᠨ ᠬᠠᠤᠯᠢ ᠵᠦᠢᠯ ᠦ᠋ᠨ ᠪᠢᠴᠢᠭ》 ᠵᠣᠬᠢᠶᠠᠯᠴᠠᠭᠰᠠᠨ᠂ ᠨᠢᠷᠤᠭᠤ ᠥᠨᠳᠥᠷ᠂ ᠥᠳᠬᠡᠨ ᠪᠤᠭᠤᠷᠤᠯ ᠬᠥᠮᠥᠰᠬᠡ ᠲᠡᠢ᠂ ᠡᠷᠡᠦ᠂ ᠬᠠᠮᠠᠷ᠂ ᠳᠤᠬᠤ ᠲᠣᠮᠣ ᠲᠠᠢ᠂ ᠬᠦᠷᠡᠩ ᠴᠢᠷᠠᠢ ᠲᠠᠢ ᠡᠪᠦᠭᠡᠨ᠂ ᠮᠠᠨᠵᠤᠰᠢᠷᠢ ᠬᠤᠲᠤᠭᠲᠤ ᠠ᠋ᠴᠠ ᠠᠳᠢᠰ ᠠᠪᠴᠤ᠂ ᠠᠮᠢ ᠪᠡᠶ᠎ᠡ ᠪᠡᠨ ᠳᠠᠭᠠᠳᠬᠠᠭᠠᠳ᠂ ᠫᠣᠩᠰᠣᠭᠳᠣᠷᠵᠢ ᠳᠠ ᠯᠠᠮᠠ ᠲᠠᠢ ᠬᠣᠶᠠᠭᠤᠯᠠ ᠪᠠᠨ ᠰᠦᠬᠡᠪᠠᠭᠠᠲᠤᠷ ᠢ᠋ ᠤᠭᠲᠤᠬᠤ ᠪᠠᠷ ᠣᠳᠪᠠ᠃
— ᠮᠠ᠊ ᠪᠡᠢᠯᠡ᠂ ᠪᠢ ᠤᠭ ᠠ᠋ᠴᠠ ᠤᠩᠰᠢᠯᠭ᠎ᠠ ᠵᠠᠯᠪᠠᠷᠢᠯ ᠠ᠋ᠴᠠ ᠥᠭᠡᠷ᠎ᠡ ᠶᠠᠭᠤᠮ᠎ᠠ ᠦᠯᠦ ᠮᠡᠳᠡᠬᠦ ᠥᠴᠦᠬᠡᠨ ᠭᠡᠯᠦᠩ ᠪᠣᠯᠠᠢ᠃ ᠲᠠ ᠪᠣᠯᠪᠠᠯ ᠤᠮᠠᠷᠠᠲᠤ ᠵᠦᠭ ᠦ᠋ᠨ ᠥᠭᠦᠯᠡᠬᠦ ᠶ᠋ᠢᠨ ᠠᠷᠰᠯᠠᠨ᠂ ᠶᠣᠰᠣᠯᠠᠯ ᠳᠦᠷᠢᠮ ᠳ᠋ᠦ᠍ ᠨᠡᠪᠲᠡᠷᠬᠡᠢ ᠬᠥᠮᠦᠨ᠃ ᠲᠡᠢᠮᠦ ᠶ᠋ᠢᠨ ᠲᠤᠯᠠ᠂ ᠰᠦᠬᠡᠪᠠᠭᠠᠲᠤᠷ ᠲᠠᠢ ᠲᠠ ᠯᠠ ᠮᠡᠳᠡᠵᠦ ᠦᠭᠡ ᠬᠡᠯᠡᠯᠴᠡ ᠭᠡᠵᠦ ᠫᠤᠩᠰᠤᠭᠳᠣᠷᠵᠢ ᠵᠥᠭᠡᠯᠡᠨ ᠨᠠᠮᠤᠭᠤᠬᠠᠨ ᠳᠠᠭᠤ ᠪᠠᠷ ᠮᠠ᠊ ᠡᠪᠦᠭᠡᠨ ᠢ᠋ ᠠᠷᠭᠠᠳᠠᠨ᠂ ᠵᠠ᠂ ᠥᠨᠥᠬᠢ ᠮᠠᠨᠢ ᠲᠡᠷᠡ ᠠᠢᠰᠤᠢ ᠪᠣᠯᠤᠯᠲᠠᠢ᠃ ᠣᠳᠣ ᠪᠢᠳᠡ ᠶᠠᠮᠠᠷ ᠪᠠᠢᠳᠠᠯ ᠲᠠᠢ ᠠᠭᠤᠯᠵᠠᠬᠤ ᠪᠢᠯᠡ? ᠬᠡᠮᠡᠪᠡᠰᠦ᠂
— ᠢᠯᠠᠭᠤᠭᠰᠠᠨ ᠴᠡᠷᠢᠭ ᠦ᠋ᠨ ᠵᠠᠩᠵᠤᠨ ᠢ᠋ ᠤᠭᠲᠤᠬᠤ ᠶᠣᠰᠣ ᠪᠠᠷ ᠠᠮᠤᠷ ᠢ᠋ ᠡᠷᠢᠶ᠎ᠡ᠃ ᠨᠣᠮᠣᠬᠠᠨ ᠳᠠᠷᠤᠤ ᠪᠣᠯ ᠪᠠᠭᠤᠷᠠᠢ ᠡᠲᠡᠭᠡᠳ ᠦ᠋ᠨ ᠵᠡᠪᠰᠡᠭ ᠰᠢᠦ ᠳᠡ ᠭᠡᠳ ᠮᠠ᠊ ᠪᠡᠢᠰᠡ᠂ ᠨᠣᠭᠣᠭᠠᠨ ᠣᠷᠳᠣᠨ ᠤ᠋ ᠵᠦᠭ ᠡᠴᠡ ᠬᠠᠲᠠᠷᠢᠭᠤᠯᠵᠤ ᠶᠠᠪᠤᠭ᠎ᠠ ᠮᠣᠷᠢᠲᠠᠨ ᠤ᠋ ᠵᠦᠭ ᠬᠤᠷᠳᠤᠯᠠᠪᠠ᠃
ᠰᠦᠬᠡᠪᠠᠭᠠᠲᠤᠷ ᠤ᠋ᠨ ᠡᠮᠦᠨ᠎ᠡ ᠬᠦᠷᠴᠦ ᠢᠷᠡᠭᠡᠳ᠂ ᠳᠡ ᠯᠠᠮᠠ ᠮᠠ᠊ ᠪᠠᠢᠰᠠ ᠬᠣᠶᠠᠷ ᠢ᠋ ᠬᠠᠷᠠᠴᠤ ᠠᠷᠠᠳ ᠤ᠋ᠨ ᠶᠣᠰᠣᠯᠠᠬᠤ ᠳᠦᠷᠢᠮ ᠢ᠋ᠶ᠋ᠡᠷ ᠮᠣᠷᠢᠨ ᠠ᠋ᠴᠠ ᠪᠠᠨ ᠪᠠᠭᠤᠵᠤ ᠰᠥᠭᠥᠳᠬᠦ ᠳ᠋ᠡᠭᠡᠨ᠂ ᠲᠡᠷᠡ ᠬᠣᠶᠠᠷ ᠢ᠋ ᠲᠠᠨᠢᠳᠠᠭ ᠰᠦᠬᠡᠪᠠᠭᠠᠲᠤᠷ ᠣᠭᠵᠣᠮ ᠳᠠᠭᠤ ᠪᠠᠷ᠂
— ᠰᠠᠢᠳ ᠤ᠋ᠳ ᠲᠠᠨᠢ ᠬᠠᠮᠢᠭ᠎ᠠ ᠪᠠᠢᠨ᠎ᠠ? ᠬᠡᠮᠡᠪᠡᠰᠦ᠂ ᠠᠷᠠᠳ ᠤ᠋ᠨ ᠵᠢᠷᠤᠮᠲᠤ ᠴᠡᠷᠢᠭ ᠦ᠋ᠨ ᠶᠡᠬᠡ ᠵᠠᠩᠵᠤᠨ ᠤ᠋ ᠬᠡᠭᠡᠷ᠎ᠡ ᠶ᠋ᠢᠨ ᠰᠠᠯᠬᠢᠨ ᠳ᠋ᠤ᠌ ᠭᠠᠩᠳᠠᠭᠰᠠᠨ ᠬᠦᠷᠡᠯ ᠬᠦᠷᠡᠩ ᠴᠢᠷᠠᠢ ᠶ᠋ᠢ ᠨᠢ ᠳᠡ ᠯᠠᠮᠠ ᠠᠯᠠᠭ᠎ᠠ ᠪᠠᠨ ᠬᠠᠪᠰᠤᠷᠤᠨ᠂ ᠶᠡᠬᠡᠯ᠎ᠡ ᠬᠦᠨᠳᠦᠳᠬᠡᠬᠦ ᠳᠦᠷᠢᠮ ᠲᠡᠢ᠂ ᠳᠣᠣᠷ᠎ᠠ ᠠ᠋ᠴᠠ ᠨᠢ ᠥᠭᠡᠳᠡ ᠨᠢ ᠰᠢᠷᠲᠡᠨ ᠬᠠᠷᠠᠵᠤ᠂
— ᠵᠠ᠂ ᠴᠥᠮ ᠴᠡᠷᠢᠭ ᠦ᠋ᠨ ᠶᠠᠮᠤᠨ ᠳ᠋ᠤ᠌ ᠴᠤᠭᠯᠠᠵᠠᠢ ᠭᠡᠵᠦ ᠬᠠᠷᠢᠭᠤᠯᠵᠤ ᠪᠢᠯᠡ᠃
ᠰᠦᠬᠡᠪᠠᠭᠠᠲᠤᠷ᠂ ᠠᠦ᠋ᠲ᠋ᠣᠨᠣᠮᠢᠲᠤ ᠵᠠᠰᠠᠭ ᠤ᠋ᠨ ᠬᠣᠶᠠᠷ ᠡᠯᠴᠢ ᠶ᠋ᠢᠨ ᠤᠷᠠᠨ ᠨᠠᠢᠷᠠᠭᠤᠯᠭ᠎ᠠ ᠲᠠᠢ ᠦᠭᠡ ᠬᠡᠯᠡᠵᠦ᠂ ᠠᠮᠤᠷ ᠮᠡᠨᠳᠦ ᠶ᠋ᠢ ᠶᠣᠰᠣᠯᠠᠨ ᠠᠰᠠᠭᠤᠬᠤ ᠶ᠋ᠢᠨ ᠵᠠᠪ ᠥᠭᠭᠥᠯ ᠦᠭᠡᠢ᠂ ᠮᠣᠷᠢ ᠪᠠᠨ ᠬᠥᠳᠡᠯᠭᠡᠵᠦ᠂ ᠲᠡᠷᠡ ᠬᠣᠶᠠᠷ ᠪᠠᠬᠠᠨ ᠤᠷᠮ᠎ᠠ ᠦᠭᠡᠢ ᠪᠣᠯᠵᠤ᠂ᠠᠶᠠᠨᠴᠢᠨ ᠢ᠋ ᠳᠠᠭᠠᠭᠰᠠᠨ ᠨᠣᠬᠠᠢ ᠠᠳᠠᠯᠢ ᠬᠣᠢᠨ᠎ᠠ ᠠ᠋ᠴᠠ ᠨᠢ ᠳᠡᠮᠡᠢᠯᠡ ᠪᠠᠷᠠᠭᠠᠳᠠᠨ ᠳᠠᠭᠠᠪᠠ᠃
《ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ》 ᠤ᠋ᠨ ᠣᠯᠠᠨ ᠶᠡᠬᠡᠰ ᠯᠠᠮᠠ᠂ ᠨᠣᠶᠠᠳ ᠰᠠᠢᠳ ᠢ᠋᠂ ᠰᠦᠬᠡᠪᠠᠭᠠᠲᠤᠷ ᠨᠠᠷ ᠤ᠋ᠨ ᠠᠮᠤᠭᠤᠯᠠᠩ ᠢ᠋ ᠡᠷᠢᠷ᠎ᠡ ᠤᠲᠤᠭᠤᠯᠤᠭᠰᠠᠨ ᠡᠯᠴᠢ ᠶ᠋ᠢᠨ ᠢ᠋ᠶ᠋ᠡᠨ ᠡᠷᠭᠢᠵᠦ ᠢᠷᠡᠬᠦ ᠶ᠋ᠢ ᠳᠡᠮᠡᠢᠯᠡ ᠬᠦᠯᠢᠶᠡᠨ ᠰᠠᠭᠤᠲᠠᠯ᠎ᠠ᠂ ᠰᠠᠨᠠᠮᠰᠠᠷ ᠦᠭᠡᠢ᠂ ᠬᠠᠷᠢᠨ ᠰᠦᠬᠡᠪᠠᠭᠠᠲᠤᠷ ᠵᠠᠩᠵᠤᠨ ᠥᠪᠡᠷ ᠢ᠋ᠶ᠋ᠡᠨ ᠠᠷᠠᠳ ᠤ᠋ᠨ ᠵᠠᠰᠠᠭ ᠤ᠋ᠨ ᠪᠦᠭᠦᠳᠡ ᠬᠡᠷᠡᠭ ᠢ᠋ ᠲᠦᠷ ᠵᠠᠬᠢᠷᠤᠨ ᠰᠢᠳᠬᠡᠬᠦ ᠭᠠᠵᠠᠷ ᠤ᠋ᠨ ᠭᠡᠰᠢᠭᠦᠳ ᠦ᠋ᠨ ᠬᠠᠮᠲᠤ ᠭᠡᠨᠡᠳᠲᠡ ᠣᠷᠣᠵᠤ ᠢᠷᠡᠭᠰᠡᠨ ᠳ᠋ᠦ᠍ ᠴᠥᠮ ᠬᠢᠷᠳ᠋ᠬᠢᠨ ᠰᠣᠴᠢᠵᠤ᠂ ᠵᠠᠷᠢᠮ ᠨᠢ ᠭᠡᠯᠮᠡᠭᠳᠡᠭᠰᠡᠨ ᠳ᠋ᠡᠭᠡᠨ ᠪᠣᠯᠵᠤ᠂ ᠰᠠᠭᠤᠳᠠᠯ ᠠ᠋ᠴᠠ ᠪᠣᠰᠬᠤ ᠲᠡᠩᠬᠡᠭᠡ ᠦᠭᠡᠢ ᠠᠯᠮᠠᠢᠷᠠᠪᠠ᠃ ᠵᠠᠷᠢᠮ ᠨᠢ ᠤᠬᠰᠭᠢᠨ ᠪᠣᠰᠴᠠᠭᠠᠵᠤ ᠳᠡᠮᠡᠢᠯᠡ ᠪᠦᠯᠲᠡᠢᠨ᠂ ᠭᠠᠳᠠᠨ᠎ᠠ ᠠ᠋ᠴᠠ ᠣᠷᠣᠵᠤ ᠢᠷᠡᠭᠴᠢᠳ ᠢ᠋ ᠰᠢᠷᠳᠡᠪᠡ᠃
ᠰᠦᠬᠡᠪᠠᠭᠠᠲᠤᠷ᠂ ᠣᠯᠠᠨ ᠯᠠᠮᠠ ᠨᠣᠶᠠᠳ ᠤ᠋ᠨ ᠰᠣᠴᠢᠶᠠ ᠪᠠᠬᠠᠨ ᠭᠠᠷᠤᠮᠠᠭᠴᠠ᠂ ᠠᠦ᠋ᠲ᠋ᠣᠨᠣᠮᠢᠲᠤ ᠵᠠᠰᠠᠭ ᠤ᠋ᠨ ᠣᠯᠠᠨ ᠰᠠᠢᠳ ᠲᠤ᠌ ᠦᠭᠡ ᠬᠡᠯᠡᠭᠰᠡᠨ ᠨᠢ᠄
— ᠪᠢᠳᠡᠨ ᠦ᠌ ᠠᠷᠠᠳ ᠤ᠋ᠨ ᠲᠥᠯᠥᠭᠡᠯᠡᠭᠴᠢᠳ᠂ ᠪᠣᠭᠳᠠ ᠬᠠᠭᠠᠨ ᠪᠣᠯᠤᠨ ᠣᠯᠠᠨ ᠯᠠᠮᠠ ᠨᠣᠶᠠᠳ ᠲᠠ ᠪᠦᠬᠦᠨ ᠦ᠌ ᠳᠠᠭᠠᠭᠠᠯᠭᠠᠭᠰᠠᠨ ᠶᠣᠰᠣᠭᠠᠷ᠂ ᠶᠡᠬᠡ ᠣᠷᠣᠰ ᠤᠯᠤᠰ ᠠ᠋ᠴᠠ ᠲᠤᠰᠠᠯᠠᠮᠵᠢ ᠣᠯᠵᠤ᠂ ᠭᠠᠳᠠᠭᠠᠳᠤ ᠶ᠋ᠢᠨ ᠬᠠᠷᠭᠢᠰ ᠢ᠋ ᠰᠥᠨᠥᠭᠡᠵᠦ᠂ ᠭᠠᠵᠠᠷ ᠣᠷᠣᠨ ᠢ᠋ᠶ᠋ᠠᠨ ᠪᠦᠷᠢᠨ ᠪᠦᠲᠦᠨ ᠪᠣᠯᠭᠠᠵᠤ ᠠᠪᠤᠯ᠎ᠠ᠃ ᠡᠨᠡ ᠵᠠᠪᠰᠠᠷ᠂ ᠪᠠᠷᠤᠨ ᠦᠩᠭᠧᠷᠡᠨ ᠠᠦ᠋ᠲ᠋ᠣᠨᠣᠮᠢᠲᠤ ᠵᠠᠰᠠᠭ ᠢ᠋ ᠳᠠᠬᠢᠨ ᠪᠣᠰᠬᠠᠪᠠ ᠭᠡᠵᠦ ᠶᠣᠰᠣ ᠦᠭᠡᠢ ᠳᠦᠢᠪᠡᠭᠡᠭᠰᠡᠨ ᠡᠴᠡ ᠪᠤᠰᠤ᠂ ᠶᠣᠰᠣᠲᠠᠢ ᠭᠤᠷᠪᠠᠨ ᠡᠲᠡᠭᠡᠳ ᠦ᠋ᠨ ᠭᠡᠷ᠎ᠡ ᠪᠣᠯᠵᠣᠭ᠎ᠠ ᠪᠠᠷ ᠬᠦᠴᠦᠨ ᠲᠡᠭᠦᠯᠳᠡᠷ ᠪᠣᠯᠤᠭ᠎ᠠ ᠦᠭᠡᠢ ᠶ᠋ᠢᠨ ᠳᠡᠭᠡᠷ᠎ᠡ᠂ ᠪᠢᠳᠡ ᠤᠤᠯ ᠠ᠋ᠴᠠ ᠭᠠᠳᠠᠭᠠᠳᠤ ᠳᠣᠲᠣᠭᠠᠳᠤ ᠶ᠋ᠢᠨ ᠡᠵᠡᠷᠬᠡᠭ ᠬᠠᠷᠭᠢᠰ ᠤ᠋ᠨ ᠰᠠᠪᠠᠷ ᠠ᠋ᠴᠠ ᠭᠠᠷᠬᠤ ᠶ᠋ᠢ ᠬᠦᠰᠡᠭᠰᠡᠨ ᠣᠯᠠᠨ ᠲᠦᠮᠡᠨ ᠠᠷᠠᠳ ᠤ᠋ᠨ ᠲᠥᠯᠥᠭᠡᠨ᠎ᠡ ᠠᠮᠢ ᠪᠡᠶ᠎ᠡ ᠬᠠᠢᠷᠠᠯᠠᠬᠤ ᠦᠭᠡᠢ ᠵᠢᠳᠬᠦᠵᠦ ᠣᠯᠤᠭᠰᠠᠨ ᠠᠷᠠᠳ ᠤ᠋ᠨ ᠡᠷᠬᠡ ᠴᠢᠯᠥᠭᠡ ᠶ᠋ᠢ ᠮᠠᠨᠳᠤᠭᠤᠯᠬᠤ ᠲᠤᠬᠠᠢ ᠠᠷᠠᠳ ᠤ᠋ᠨ ᠲᠥᠷᠥ ᠵᠠᠰᠠᠭ ᠢ᠋ ᠨᠢᠭᠡᠨᠲᠡ ᠪᠠᠢᠭᠤᠯᠤᠭᠠᠳ᠂ ᠲᠤᠰ ᠤᠯᠤᠰ ᠤ᠋ᠨ ᠡᠳ᠋ ᠦ᠋ᠨ ᠵᠠᠰᠠᠭ ᠢ᠋ ᠥᠭᠡᠷᠡᠴᠢᠯᠡᠨ ᠶᠠᠪᠤᠭᠤᠯᠬᠤ ᠪᠠᠷ ᠰᠢᠢᠳᠪᠦᠷᠢᠯᠡᠪᠡ᠃ ᠡᠨᠳᠡ ᠬᠦᠷᠴᠦ ᠢᠷᠡᠬᠦ ᠳ᠋ᠡᠭᠡᠨ᠂ ᠵᠦᠢ ᠨᠢ ᠬᠤᠪᠢᠰᠬᠠᠯ ᠤ᠋ᠨ ᠶᠣᠰᠣᠭᠠᠷ ᠭᠠᠷ ᠬᠥᠳᠡᠯᠵᠦ ᠲᠣᠭᠲᠠᠭᠠᠪᠠᠯ ᠵᠣᠬᠢᠪᠠᠴᠤ᠂ ᠨᠢᠭᠡᠨᠲᠡ ᠣᠯᠠᠨ ᠯᠠᠮᠠ ᠨᠣᠶᠠᠳ ᠲᠠ ᠪᠦᠬᠦᠨ᠂ ᠡᠨᠡ ᠤᠳᠠᠭ᠎ᠠ ᠡᠰᠡᠷᠭᠦᠴᠡᠭᠰᠡᠨ ᠦᠭᠡᠢ ᠲᠤᠯᠠ ᠨᠠᠢᠷ ᠲᠠᠯᠪᠢᠨ᠂ ᠮᠥᠨ ᠭᠠᠵᠠᠷ ᠣᠷᠣᠨ ᠤ᠋ ᠪᠠᠢᠳᠠᠯ ᠳ᠋ᠤ᠌ ᠲᠣᠬᠢᠷᠠᠭᠤᠯᠤᠨ᠂ ᠪᠣᠭᠳᠠ ᠶ᠋ᠢ ᠬᠡᠮᠵᠢᠶ᠎ᠡ ᠲᠡᠢ ᠡᠷᠬᠡᠲᠦ ᠬᠠᠭᠠᠨ ᠡᠷᠭᠦᠮᠵᠢᠯᠡᠨ᠂ ᠠᠷᠠᠳ ᠤ᠋ᠨ ᠡᠷᠬᠡᠲᠦ ᠵᠠᠰᠠᠭ ᠢ᠋ ᠨᠢᠭᠡᠳᠬᠡᠨ ᠪᠠᠢᠭᠤᠯᠬᠤ ᠲᠤᠯᠠ᠂ ᠬᠠᠭᠤᠴᠢᠨ ᠵᠠᠰᠠᠭ ᠤ᠋ᠨ ᠶᠠᠮᠤᠳ ᠪᠠ ᠲᠠᠮᠠᠭ᠎ᠠ ᠬᠡᠷᠡᠭ ᠢ᠋ᠶ᠋ᠡᠨ ᠵᠦᠢ ᠪᠡᠷ ᠰᠢᠯᠵᠢᠭᠦᠯᠦᠨ ᠲᠤᠰᠢᠶᠠᠪᠠᠯ ᠵᠣᠬᠢᠮᠤᠢ * ᠭᠡᠵᠡᠢ᠃
《ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ》 ᠤ᠋ᠨ ᠣᠯᠠᠨ ᠰᠠᠢᠳ ᠨᠣᠶᠠᠳ ᠲᠡᠷᠡ ᠦᠭᠡ ᠶ᠋ᠢ ᠲᠣᠪ ᠳᠤᠭᠤᠢ ᠰᠣᠨᠣᠰᠴᠤ᠂ ᠤᠳᠠᠲᠠᠯ᠎ᠠ ᠴᠢᠮᠡᠭᠡ ᠢᠮᠡᠭᠡ ᠦᠭᠡᠢ ᠪᠠᠢᠪᠠ᠃ ᠲᠡᠭᠡᠵᠦ ᠲᠡᠭᠡᠵᠦ᠂ ᠬᠠᠮᠢᠶᠠᠷᠤᠭᠰᠠᠨ ᠶᠡᠷᠦᠩᠬᠡᠢ ᠰᠠᠢᠳ ᠮᠠᠨᠵᠤᠰᠢᠷᠢ ᠬᠤᠲᠤᠭᠲᠤ ᠠᠯᠠᠭ᠎ᠠ ᠪᠠᠨ ᠬᠠᠪᠰᠤᠷᠴᠤ᠂
— ᠵᠠ! ᠭᠡᠵᠦ ᠰᠢᠬᠠᠵᠤ ᠳᠤᠤᠭᠠᠷᠤᠯ᠎ᠠ᠃
ᠵᠠᠩᠵᠤᠨ ᠰᠦᠬᠡᠪᠠᠭᠠᠲᠤᠷ᠂《ᠪᠠᠷᠣᠨ ᠤ᠋ ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ》 ᠤ᠋ᠨ ᠲᠡᠷᠡ ᠰᠠᠢᠳ ᠯᠠᠮᠠ᠂ ᠸᠠᠩ ᠬᠦᠩ ᠦ᠋ᠨ ᠮᠠᠰᠢ ᠪᠢᠯᠳᠠᠤᠴᠢᠯᠠᠬᠤ ᠪᠠᠢᠳᠠᠯ ᠲᠠᠢ ᠢᠨᠢᠶᠡᠮᠰᠦᠭᠯᠡᠨ ᠨᠡᠢᠯᠡᠭᠦᠯᠬᠦ ᠴᠢᠷᠠᠢ ᠭᠠᠷᠭᠠᠭᠰᠠᠨ ᠢ᠋ ᠰᠢᠷᠪᠢᠨ ᠬᠠᠷᠠᠩᠭᠤᠲᠠ ᠪᠠᠷᠣᠨ ᠦᠩᠭᠧᠷᠠᠨ ᠳ᠋ᠤ᠌ ᠮᠣᠷᠢ ᠨᠣᠬᠠᠢ ᠶ᠋ᠢᠨ ᠬᠦᠴᠦᠨ ᠭᠠᠷᠭᠠᠵᠤ ᠵᠢᠳᠬᠦᠭᠰᠡᠨ ᠢ᠋ᠶ᠋ᠡᠷ ᠪᠣᠭᠳᠠ ᠬᠠᠭᠠᠨ ᠤ᠋ ᠬᠡᠰᠢᠭ ᠬᠦᠷᠲᠡᠵᠦ᠂ ᠴᠢᠨ ᠸᠠᠩ ᠤ᠋ᠨ ᠵᠡᠷᠭᠡ᠂ ᠪᠠᠲᠤ ᠢᠷᠦᠭᠡᠯᠲᠦ ᠵᠠᠩᠵᠤᠨ ᠴᠣᠯᠠ ᠱᠠᠩᠨᠠᠭᠤᠯᠤᠭᠰᠠᠨ᠂ ᠰᠠᠩ ᠤ᠋ᠨ ᠶᠠᠮᠤᠨ ᠤ᠋ ᠰᠠᠢᠳ ᠯᠤᠪᠰᠠᠩᠴᠡᠪᠡᠩ ᠲᠡᠷᠢᠭᠦᠨ ᠦ᠌ ᠴᠢᠪᠠᠭᠠᠨᠴᠠ ᠶ᠋ᠢᠨ ᠴᠢᠷᠠᠢ ᠲᠠᠢ ᠲᠥᠭᠥᠷᠢᠭ ᠨᠢᠭᠤᠷ ᠢ᠋ ᠠᠵᠢᠬᠯᠠᠰᠬᠢᠨ ᠬᠠᠷᠠᠪᠠᠰᠤ᠂ ᠤᠷᠢᠳᠤ ᠬᠤᠪᠢᠰᠬᠠᠯᠴᠢ ᠨᠠᠷ ᠢ᠋ ᠨᠢᠳᠦᠨ ᠳ᠋ᠡᠭᠡᠨ( ᠳ᠋ᠦ᠍ ᠪᠡᠨ) ᠦᠵᠡᠳᠡᠭ ᠦᠭᠡᠢ《ᠠᠷᠠᠳ ᠤ᠋ᠨ ᠨᠠᠮ ᠤ᠋ᠨ ᠭᠤᠢᠯᠢᠨᠴᠢᠨ》 ᠭᠡᠵᠦ ᠳᠣᠷᠣᠮᠵᠢᠯᠠᠵᠤ᠂ ᠰᠦᠬᠡᠪᠠᠭᠠᠲᠤᠷ ᠢ᠋ ᠡᠯᠳᠡᠪ ᠢ᠋ᠶ᠋ᠡᠷ ᠬᠡᠯᠡᠳᠡᠭ ᠯᠤᠪᠰᠠᠩᠴᠡᠪᠡᠩ ᠲᠡᠷᠢᠭᠦᠨ᠂ ᠠᠷᠠᠳ ᠤ᠋ᠨ ᠵᠠᠩᠵᠤᠨ ᠤ᠋ ᠲᠠᠯᠪᠢᠭᠤᠨ ᠲᠣᠭᠲᠠᠭᠤᠨ ᠬᠠᠷᠠᠴᠠ ᠲᠡᠭᠦᠨ ᠦ᠌ ᠪᠡᠶ᠎ᠡ ᠳ᠋ᠦ᠍ ᠰᠢᠷᠲᠡᠰᠬᠢᠨ ᠲᠤᠰᠤᠭᠰᠠᠨ ᠢ᠋ ᠬᠠᠷᠠᠭᠠᠳ᠂ ᠭᠡᠨᠡᠳᠲᠡ ᠬᠠᠷ᠎ᠠ ᠬᠥᠯᠥᠰᠥ ᠠᠰᠬᠠᠵᠤ᠂ ᠴᠢᠷᠠᠢ ᠦᠨᠡᠰᠦ ᠠᠳᠠᠯᠢ ᠬᠤᠪᠢᠯᠵᠠᠢ᠃
— ᠲᠠᠨ ᠤ᠋ ᠪᠡᠶ᠎ᠡ ᠮᠠᠭᠤ ᠤᠤ? ᠭᠡᠵᠦ ᠰᠦᠬᠡᠪᠠᠭᠠᠲᠤᠷ ᠤ᠋ᠨ ᠭᠠᠢᠬᠠᠨ ᠠᠰᠠᠭᠤᠪᠠᠯ᠂ ᠯᠤᠪᠰᠠᠩᠴᠡᠪᠡᠩ ᠲᠡᠷᠢᠭᠦᠨ᠂ ᠬᠠᠯᠵᠠᠨ ᠳᠤᠬᠤᠨ ᠳ᠋ᠠᠭᠠᠨ( ᠳ᠋ᠤ᠌ ᠪᠠᠨ) ᠪᠤᠷᠵᠢᠢᠨ ᠭᠠᠷᠤᠭᠰᠠᠨ ᠬᠠᠷ᠎ᠠ ᠬᠥᠯᠥᠰᠥ ᠶ᠋ᠢ ᠶᠠᠭᠠᠷᠠᠨ ᠠᠷᠴᠢᠵᠤ᠄
— ᠵᠠ᠂ ᠲᠡᠢᠮᠦ ᠭᠡᠵᠦ ᠰᠠᠨᠳᠤᠷᠤᠨ ᠭᠦᠩᠭᠦᠨᠡᠪᠡ᠃
— ᠲᠠᠮᠠᠭ᠎ᠠ ᠬᠡᠷᠡᠭ ᠲᠤᠰᠢᠶᠠᠬᠤ ᠡᠳᠦᠷ ᠢ᠋ ᠵᠢᠴᠢ ᠵᠠᠷᠯᠠᠨ ᠭᠦᠢᠴᠡᠳᠬᠡᠰᠦᠭᠡᠢ᠃ ᠬᠠᠷᠢᠨ ᠡᠷᠲᠡᠬᠡᠨ ᠡᠴᠡ ᠴᠡᠭᠴᠡᠯᠡᠵᠦ ᠲᠤᠰᠢᠶᠠᠬᠤ ᠳ᠋ᠤ᠌ ᠪᠡᠯᠡᠳᠬᠡᠭᠲᠦᠨ ᠭᠡᠳ ᠰᠦᠬᠡᠪᠠᠭᠠᠲᠤᠷ ᠵᠠᠩᠵᠤᠨ ᠬᠠᠭᠠᠯᠭᠠᠨ ᠤ᠋ ᠵᠦᠭ ᠡᠷᠭᠢᠪᠡᠰᠦ᠂ ᠪᠠᠷᠣᠨ ᠤ᠋《ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ》 ᠤ᠋ᠨ ᠸᠠᠩ ᠬᠦᠩ᠂ ᠯᠠᠮᠠ ᠨᠣᠶᠠᠳ᠂ ᠣᠷᠣᠬᠤ ᠭᠠᠷᠬᠤ ᠳ᠋ᠤ᠌ ᠤᠷᠢᠳᠤ ᠪᠡᠶ᠎ᠡ ᠪᠡᠶ᠎ᠡ ᠶ᠋ᠢᠨ ᠬᠡᠷᠬᠡᠮ ᠵᠡᠷᠭᠡ ᠶ᠋ᠢ ᠶᠡᠬᠡᠯ᠎ᠡ(ᠶᠡᠬᠡ ᠯᠡ) ᠬᠠᠷᠠᠭᠠᠯᠵᠠᠳᠠᠭ ᠶᠣᠰᠣ ᠪᠠᠨ(ᠬᠡᠳᠦᠢᠨᠡᠢ) ᠬᠡᠳᠦᠢᠨ ᠦ᠌ ᠠᠯᠳᠠᠵᠤ᠂ ᠠᠷᠠᠳ ᠤ᠋ᠨ ᠵᠢᠷᠤᠮᠲᠤ ᠴᠡᠷᠢᠭ ᠦ᠋ᠨ ᠶᠡᠬᠡ ᠵᠠᠩᠵᠤᠨ᠂ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠢᠳᠬᠡᠬᠦ ᠭᠠᠵᠠᠷ ᠤ᠋ᠨ ᠭᠡᠰᠢᠭᠦᠳ ᠢ᠋ ᠪᠢᠯᠪᠢᠭᠦᠷᠳᠡᠨ ᠦᠳᠡᠬᠦ ᠭᠡᠵᠦ ᠥᠨᠥᠬᠢ ᠪᠡᠶ᠎ᠡ ᠪᠡᠶ᠎ᠡ ᠳ᠋ᠡᠭᠡᠨ (ᠳ᠋ᠦ᠍ ᠪᠡᠨ) ᠨᠠᠢᠷ ᠲᠠᠯᠪᠢᠨ᠂ ᠰᠦᠷᠡᠬᠡᠢ ᠶᠣᠰᠣᠷᠬᠠᠳᠠᠭ ᠢ᠋ᠶ᠋ᠠᠨ ᠬᠡᠳᠦᠢᠨ ᠦ᠌ ᠮᠠᠷᠲᠠᠵᠤ᠂ ᠪᠡᠶ᠎ᠡ ᠪᠡᠶ᠎ᠡ ᠪᠡᠨ ᠲᠦᠯᠬᠢᠯᠴᠡᠨ ᠴᠢᠬᠢᠯᠴᠡᠨ᠂ ᠭᠠᠳᠠᠭᠰᠢ ᠳᠠᠭᠠᠯᠳᠤᠨ ᠭᠠᠷᠴᠠᠭᠠᠪᠠ᠃
— — — —
* ᠲᠡᠮᠦᠷᠪᠠᠭᠠᠲᠤᠷ ᠭᠡᠵᠦ ᠮᠣᠩᠭᠣᠯᠴᠤᠳ ᠰᠢᠪᠠᠷ ᠤ᠋ᠨ ᠫᠠᠷᠲ᠋ᠢᠽᠠᠨ ᠴᠡᠷᠢᠭ ᠦ᠋ᠨ ᠳᠠᠷᠤᠭ᠎ᠠ ᠱᠧᠲ᠋ᠢ᠍ᠨᠺᠢᠨ ᠢ᠋ ᠨᠡᠷᠡᠯᠡᠳᠡᠭ ᠪᠠᠢᠵᠠᠢ᠃
* ᠪᠠᠷᠤᠨ ᠤ᠋ ᠰᠢᠳᠠᠷ ᠪᠤᠷᠢᠶᠠᠳ ᠴᠠᠭᠠᠨ ᠣᠹᠢᠽᠧᠷ ᠵᠠᠮᠪᠠᠯᠤᠩ ᠢ᠋ ᠪᠣᠭᠳᠠ ᠴᠢᠨ ᠸᠠᠩ ᠤ᠋ᠨ ᠵᠡᠷᠭᠡ᠂ ᠴᠢᠩ ᠵᠢᠳᠬᠦᠯᠳᠦ ᠵᠠᠩᠵᠤᠨ ᠴᠣᠯᠠ ᠣᠯᠭᠣᠵᠤ᠂ ᠪᠠᠷᠤᠨ ᠢ᠋ ᠤᠮᠠᠷ᠎ᠠ ᠵᠦᠭ ᠮᠣᠷᠳᠠᠬᠤ ᠳ᠋ᠤ᠌ ᠳᠡᠳ᠋ ᠵᠠᠩᠵᠤᠨ ᠢ᠋ᠶ᠋ᠠᠷ ᠬᠦᠷᠢᠶᠡᠨ ᠳ᠋ᠦ᠍ ᠦᠯᠡᠳᠡᠭᠡᠭᠰᠡᠨ ᠪᠠᠢᠵᠠᠢ᠃
* ᠪᠣᠯᠱᠧᠸᠢᠭ ᠨᠠᠮ ᠤ᠋ᠨ ᠲᠡᠦᠬᠡ ᠶ᠋ᠢᠨ487 ᠳ᠋ᠤᠭᠠᠷ ᠲᠠᠯ᠎ᠠ᠃
* ᠮᠠᠷᠱᠠᠯ ᠴᠣᠢᠪᠠᠯᠰᠠᠩ ᠤ᠋ᠨ ᠵᠣᠬᠢᠶᠠᠭᠰᠠᠨ ᠮᠣᠩᠭᠣᠯ ᠠᠷᠠᠳ ᠤ᠋ᠨ ᠦᠨᠳᠦᠰᠦᠨ ᠦ᠌ ᠬᠤᠪᠢᠰᠬᠠᠯ ᠤ᠋ᠨ ᠲᠣᠪᠴᠢ ᠲᠡᠦᠬᠡ ᠶ᠋ᠢᠨ 299—300 ᠳ᠋ᠤᠭᠠᠷ ᠲᠠᠯ᠎ᠠ ᠳ᠋ᠤ᠌᠃
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠲᠠᠪᠤᠨ ᠤᠰᠤ᠂ ᠣᠶᠤᠨᠪᠢᠯᠢᠭ᠌᠂ ᠣᠶᠤᠨᠪᠠᠲᠤ᠂
ᠤᠢᠭᠤᠷᠵᠢᠨ·ᠣᠳᠬᠣᠨᠪᠠᠪᠠ᠂ ᠴᠣᠯᠮᠣᠨᠭᠡᠷᠡᠯ᠂ ᠪᠠᠯ᠂
ᠬᠢᠨᠠᠭᠴᠢ᠄ ᠣᠶᠤᠨᠪᠠᠲᠤ᠂ ᠣᠳᠬᠣᠨᠴᠡᠴᠡᠭ᠂ ᠪᠠᠯ᠂ ᠮᠥᠩᠭᠥᠨᠭᠣᠸ᠎ᠠ
