ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠬᠣᠶᠠᠷ> Хан мунын сүүрс < доорд > – Мөнх зохиоов ᠂Дөдгөөр бодь – Нэгдүгээр бүлэг <2> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠬᠣᠶᠠᠷ> Хан мунын сүүрс < доорд > – Мөнх зохиоов ᠂Дөдгөөр бодь – Нэгдүгээр бүлэг <2>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠲᠦᠲᠦᠭᠡᠷ ᠪᠣᠲᠢ – ᠨᠢᠭᠡᠳᠦᠭᠡᠷ ᠪᠦᠯᠦᠭ <ᠬᠣᠶᠠᠷ> Хан мунын сүүрс < доорд > – Мөнх зохиоов ᠂Дөдгөөр бодь – Нэгдүгээр бүлэг <2>

ᠠᠩᠭᠢᠯᠠᠯ:ᠲᠤᠭᠤᠵᠢ ᠷᠣᠮᠠᠨ
2025-03-11

263

ᠲᠦᠲᠦᠭᠡᠷ ᠪᠣᠲᠢ – ᠨᠢᠭᠡᠳᠦᠭᠡᠷ ᠪᠦᠯᠦᠭ <ᠬᠣᠶᠠᠷ>


               ᠬᠣᠶᠠᠷ  

      《ᠳ᠋ᠦᠩ! ᠳ᠋ᠦᠩ!》 ᠭᠡᠬᠦ ᠨᠦᠰᠡᠷ ᠳᠠᠭᠤᠨ ᠬᠥᠲᠥᠯ ᠦ᠋ᠨ ᠴᠠᠭᠠᠨ᠎ᠠ ᠠ᠋ᠴᠠ ᠰᠣᠨᠣᠰᠳᠠᠨ᠎ᠠ᠃ ᠦᠨᠡᠭᠡᠨ ᠬᠠᠷᠠᠩᠭᠤᠢ ᠪᠠᠷ ᠶᠠᠭᠤᠨ ᠤ᠋ ᠡᠢᠨ ᠬᠦ᠌ ᠨᠦᠰᠡᠷ ᠳᠠᠭᠤᠨ ᠪᠣᠯᠴᠢᠬᠠᠪᠠ? ᠭᠡᠵᠦ ᠪᠯᠠᠮᠤ ᠰᠠᠷᠯᠤᠭ ᠢ᠋ᠶ᠋ᠠᠨ ᠰᠢᠪᠲᠤᠷᠠᠬᠤ ᠪᠠᠨ ᠪᠠᠢᠴᠢᠬᠠᠭᠠᠳ ᠨᠢᠭᠡ ᠬᠡᠰᠡᠭ ᠴᠢᠩᠨᠠᠭᠰᠠᠨ ᠳ᠋ᠤ᠌ ᠡᠨᠡ ᠬᠦ᠌ ᠨᠦᠰᠡᠷ ᠳᠠᠭᠤᠨ ᠶᠠᠭ ᠯᠠ ᠲᠣᠭᠲᠠᠭᠰᠠᠨ ᠴᠠᠭ ᠤ᠋ᠨ ᠲᠣᠭᠠᠮᠵᠢᠶ᠎ᠠ ᠲᠠᠢ ᠶᠤᠮ ᠰᠢᠭ᠋《ᠳ᠋ᠦᠩ —》 ᠭᠡᠬᠦ ᠳᠠᠭᠤᠨ ᠳ᠋ᠤ᠌ ᠡᠩᠭᠡᠷ ᠦ᠋ᠨ ᠬᠠᠳᠠ ᠴᠢᠯᠠᠭᠤ ᠳᠠᠢᠪᠠᠯᠵᠠᠬᠤ ᠰᠢᠭ᠋ ᠪᠣᠯᠪᠠ᠃ ᠪᠤᠲᠠᠨ ᠤ᠋ ᠪᠣᠯᠵᠣᠮᠣᠷ᠂ ᠬᠠᠳᠠᠨ ᠤ᠋ ᠲᠠᠭᠲᠠᠭ᠎ᠠ ᠦᠷᠭᠦᠨ ᠨᠢᠰᠦᠨ᠎ᠡ᠁ ᠬᠡᠰᠡᠭ ᠨᠠᠮᠳᠠᠵᠤ ᠳᠠᠬᠢᠭᠠᠳ ᠯᠠ《ᠳ᠋ᠦᠩ —》 ᠭᠡᠬᠦ ᠨᠦᠰᠡᠷ ᠳᠠᠭᠤᠨ ᠴᠢᠬᠢ ᠳᠣᠷᠭᠢᠭᠤᠯᠤᠨ᠎ᠠ᠃ ᠡᠨᠡ ᠴᠦ᠍ ᠨᠢᠭᠡ ᠶᠠᠭᠤᠮ᠎ᠠ ᠪᠣᠯᠵᠢ ᠳᠠ! ᠭᠡᠵᠦ ᠪᠯᠠᠮᠤ ᠠᠭᠠᠷᠤᠨ ᠰᠠᠭᠤᠯᠠᠭ᠎ᠠ ᠪᠠᠨ ᠰᠢᠪᠡᠭᠡᠨ ᠡᠴᠡ ᠡᠯᠭᠦᠵᠦ《ᠶᠠᠭᠤᠨ ᠤ᠋ ᠳᠠᠭᠤᠨ ᠪᠣᠯᠴᠢᠬᠠᠪᠠ?》 ᠭᠡᠳ ᠰᠡᠩᠳᠡ ᠮᠡᠩᠳᠡ ᠵᠡᠭᠦᠨ ᠬᠥᠲᠥᠯ ᠳᠡᠭᠡᠷ᠎ᠡ ᠭᠠᠷᠴᠤ ᠣᠴᠢᠭᠰᠠᠨ ᠳ᠋ᠤ᠌ ᠣ᠂ ᠳᠠ᠂ ᠡᠵᠡᠨ ᠢ᠋ᠶ᠋ᠡᠨ ᠠᠯᠳᠠᠭ! ᠠᠷᠭᠠᠯᠢ ᠶ᠋ᠢᠨ ᠬᠡᠪᠲᠡᠰᠢ① ᠶ᠋ᠢᠨ ᠬᠣᠢᠲᠤ ᠬᠢᠷ᠎ᠠ ᠳᠡᠭᠡᠷ᠎ᠡ ᠬᠣᠶᠠᠷ ᠤᠭᠠᠯᠵᠠ ᠣᠷᠣᠭᠠᠨ ᠤ᠋ ᠠᠷᠭᠠᠯᠢ ᠪᠠᠨ ᠬᠠᠮᠪᠠᠭᠠᠷᠬᠠᠨ ᠮᠥᠷᠭᠥᠯᠳᠦᠵᠦ ᠪᠠᠢᠪᠠ᠃ ᠬᠣᠶᠠᠷ ᠪᠦᠳᠦᠭᠦᠨ ᠤᠭᠠᠯᠵᠠ ᠲᠣᠯᠣᠭᠠᠢ ᠳ᠋ᠠᠭᠠᠨ ᠠᠶᠠᠭᠠᠨ ᠴᠢᠨᠡᠭᠡᠨ ᠪᠦᠳᠦᠭᠦᠨ ᠪᠣᠷᠣ ᠡᠷᠢᠶᠡᠨ《ᠮᠣᠭᠠᠢ》 ᠤᠭᠠᠯᠵᠠᠯᠠᠨ ᠠᠲᠤᠷᠢᠭᠤᠯᠵᠤ ᠮᠣᠰᠬᠢᠷᠠᠯᠳᠤᠭᠤᠯᠤᠨ ᠣᠷᠢᠶᠠᠭᠠᠳ ᠠᠭᠤᠷ ᠬᠢᠯᠢᠩ ᠨᠢ ᠪᠠᠳᠠᠷᠠᠵᠤ ᠨᠢᠳᠦ ᠨᠢ ᠴᠠᠭᠠᠨ ᠢ᠋ᠶ᠋ᠠᠷ ᠡᠷᠭᠢᠯᠳᠦᠨ᠎ᠡ᠃ ᠣᠢᠷᠠᠬᠠᠨ ᠠ᠋ᠴᠠ ᠬᠠᠷᠠᠬᠤ ᠳ᠋ᠤ᠌《ᠳ᠋ᠦᠩ— ᠳ᠋ᠦᠦᠱ》 ᠭᠡᠰᠡᠨ ᠳᠠᠭᠤᠨ ᠭᠠᠷᠲᠠᠯ᠎ᠠ ᠮᠥᠷᠭᠥᠯᠳᠦᠭᠡᠳ ᠠᠬᠢᠭᠠᠳ ᠲᠤᠰ ᠲᠤᠰ ᠲᠠᠭᠠᠨ ᠪᠥᠭᠰᠡ ᠪᠡᠷ ᠢ᠋ᠶ᠋ᠡᠨ ᠴᠤᠬᠤᠷᠢᠨ ᠶᠠᠪᠤᠵᠤ ᠪᠡᠶ᠎ᠡ ᠪᠡᠨ ᠬᠣᠷᠢᠶᠠᠨ ᠠᠭᠵᠠᠢᠵᠤ ᠠᠭᠵᠠᠢᠵᠤ ᠪᠠᠷᠤᠭ ᠬᠣᠷᠢ ᠭᠤᠴᠢᠨ ᠠᠯᠬᠤᠮ ᠤ᠋ᠨ ᠬᠣᠯᠠ ᠠ᠋ᠴᠠ ᠲᠣᠭᠣᠰᠣ ᠪᠤᠵᠢᠭᠢᠨᠠᠭᠤᠯᠤᠨ᠎ᠠ᠃ ᠪᠣᠯᠳᠠᠭ ᠰᠠᠨ ᠪᠣᠯ ᠨᠥᠭᠦᠭᠡ ᠡᠲᠡᠭᠡᠳ ᠢ᠋ᠶ᠋ᠡᠨ ᠪᠠᠯᠠᠷᠠᠲᠠᠯ᠎ᠠ ᠮᠥᠷᠭᠥᠬᠦ ᠶ᠋ᠢ ᠰᠠᠨᠠᠵᠤ ᠮᠥᠷᠭᠥᠯᠳᠦᠬᠦ ᠨᠢ ᠵᠢᠭᠲᠡᠢ! ᠡᠳᠡ ᠬᠣᠶᠠᠷ ᠤ᠋ᠨ ᠲᠡᠮᠡᠴᠡᠭᠡᠨ ᠦ᠌ ᠬᠠᠵᠠᠭᠤ ᠪᠠᠷ ᠠᠷᠪᠠᠭᠠᠳ ᠠᠷᠭᠠᠯᠢ᠂ ᠰᠢᠳᠦᠯᠡᠩ᠂ ᠲᠥᠯᠥᠭᠡ ᠲᠠᠢᠪᠤᠭᠤᠬᠠᠨ ᠪᠡᠯᠴᠢᠵᠦ ᠶᠠᠮᠠᠷ ᠴᠦ᠍ ᠶᠠᠭᠤᠮ᠎ᠠ ᠪᠣᠯᠤᠭ᠎ᠠ ᠦᠭᠡᠢ ᠮᠡᠲᠦ ᠪᠠᠢᠪᠠ᠃ ᠬᠠᠶᠠ ᠨᠢᠭᠡ ᠬᠣᠶᠠᠷ ᠬᠤᠴᠠᠨ ᠤ᠋ ᠰᠢᠨᠵᠢ ᠣᠷᠣᠭᠰᠠᠨ ᠰᠢᠳᠦᠯᠡᠩ ᠤᠭᠠᠯᠵᠠ ᠨᠥᠭᠦᠭᠡ ᠬᠣᠶᠠᠷ ᠲᠣᠮᠣ ᠤᠭᠠᠯᠵᠠ ᠶ᠋ᠢᠨ ᠮᠥᠷᠭᠥᠯᠳᠦᠭᠡᠨ ᠢ᠋ ᠰᠣᠨᠢᠷᠬᠠᠨ ᠪᠡᠶ᠎ᠡ ᠪᠡᠨ ᠬᠤᠷᠢᠶᠠᠵᠤ ᠪᠥᠭᠰᠡ ᠪᠡᠷ ᠢ᠋ᠶ᠋ᠡᠨ ᠴᠤᠬᠤᠷᠢᠨ ᠳᠠᠭᠤᠷᠢᠶᠠᠵᠤ《ᠪᠢ ᠴᠦ᠍ ᠭᠡᠰᠡᠨ ᠬᠣᠵᠢᠮ ᠢᠩᠭᠢᠨ᠎ᠡ ᠳᠡ᠁》 ᠭᠡᠰᠡᠨ ᠰᠢᠭ ᠨᠢ ᠶᠠᠭ ᠯᠠ ᠡᠨᠡ ᠬᠣᠷᠸ᠎ᠠ ᠶ᠋ᠢᠨ ᠵᠢᠮ᠎ᠡ ᠶᠦᠮ ᠭᠡᠳᠡᠭ ᠢ᠋ ᠪᠡᠶ᠎ᠡ ᠪᠡᠷ ᠨᠢ ᠲᠠᠨᠢᠭᠤᠯᠵᠤ ᠪᠠᠢᠭ᠎ᠠ ᠮᠡᠲᠦ ᠪᠠᠢᠪᠠ᠃ ᠣᠷᠣᠭᠠᠨ ᠤ᠋ ᠬᠥᠭ ᠨᠢ ᠴᠣᠭᠣᠷᠠᠭᠰᠠᠨ ᠨᠢᠭᠡ ᠪᠡᠶᠡᠷᠬᠡᠭ ᠵᠤᠰᠠᠭ ᠬᠤᠴᠠᠰᠠᠬᠤ ᠳ᠋ᠠᠭᠠᠨ ᠰᠡᠭᠦᠯ ᠢ᠋ᠶ᠋ᠡᠨ ᠰᠢᠷᠪᠠᠨ᠎ᠠ᠃ ᠲᠡᠷᠡ ᠪᠡᠷ ᠨᠥᠭᠦᠭᠡ ᠰᠦᠷᠦᠭ ᠢ᠋ᠶ᠋ᠡᠨ ᠳᠠᠭᠠᠵᠤ ᠡᠪᠡᠰᠦ ᠬᠠᠵᠠᠯᠠᠬᠤ ᠰᠠᠨᠠᠭ᠎ᠠ ᠦᠭᠡᠢ᠂ ᠡᠳᠡ ᠬᠣᠶᠠᠷ ᠤ᠋ᠨ ᠲᠣᠭᠣᠰᠣᠨ ᠳᠣᠣᠷ᠎ᠠ ᠬᠦᠯᠢᠶᠡᠵᠦ ᠶᠠᠳᠠᠨ ᠰᠡᠭᠦᠯ ᠢ᠋ᠶ᠋ᠡᠨ ᠰᠢᠷᠪᠠᠵᠤ ᠵᠣᠭᠰᠣᠬᠤ ᠨᠢ ᠪᠯᠠᠮᠤ ᠶ᠋ᠢᠨ ᠨᠢᠳᠦᠨ ᠳ᠋ᠦ᠍《ᠲᠠ ᠬᠣᠶᠠᠷ ᠬᠤᠷᠳᠤᠯᠠᠭᠠᠴᠢ ᠳᠠ! ᠬᠡᠨ ᠠᠯᠢᠨ ᠴᠦ᠍ ᠪᠣᠯᠤᠭ ᠢᠯᠠᠭᠴᠢ ᠶ᠋ᠢᠨ ᠣᠮᠣᠭ ᠢ᠋ᠶ᠋ᠠᠷ ᠰᠡᠭᠰᠡᠯᠵᠡᠵᠦ ᠢᠷᠡᠨ ᠢᠪᠢᠯᠦᠭᠰᠡᠨ ᠬᠠᠢᠷ᠎ᠠ ᠶ᠋ᠢ ᠮᠢᠨᠢ ᠰᠠᠨᠠᠭ᠎ᠠ ᠪᠠᠷ ᠢ᠋ᠶ᠋ᠠᠨ ᠡᠳ᠋ᠯᠡᠭᠡᠴᠢ! ᠨᠢᠭᠡ ᠪᠣᠯ ᠲᠠ ᠬᠣᠶᠠᠷ ᠮᠥᠷᠭᠥᠯᠳᠦᠬᠦ ᠪᠡᠨ ᠪᠠᠢᠭ! ᠪᠢ ᠬᠡᠨ ᠠᠯᠢᠨ ᠳ᠋ᠤ᠌ ᠴᠢᠨᠢ ᠪᠦᠷ ᠳᠤᠷᠠᠲᠠᠢ᠁ ᠶᠠᠭᠠᠬᠢᠬᠤ ᠳ᠋ᠠᠭᠠᠨ ᠢᠩᠭᠢᠵᠦ ᠴᠢᠰᠤ ᠨᠥᠵᠢ ᠶ᠋ᠢᠨ ᠲᠡᠮᠡᠴᠡᠭᠡᠨ ᠬᠢᠳᠡᠭ ᠪᠣᠢ⁈》 ᠭᠡᠬᠦ ᠰᠢᠭ ᠬᠠᠷᠠᠭᠳᠠᠵᠠᠢ᠃ ᠥᠨᠥᠬᠢ ᠬᠣᠶᠠᠷ ᠠᠭᠤᠷ ᠬᠢᠯᠢᠩ ᠨᠢ ᠰᠢᠲᠠᠭᠰᠠᠨ ᠤᠭᠠᠯᠵᠠ ᠣᠷᠣᠭᠠᠨ ᠤ᠋ ᠵᠤᠰᠠᠭ ᠠᠷᠭᠠᠯᠢ ᠶ᠋ᠢᠨ ᠰᠡᠭᠦᠯ ᠢ᠋ᠶ᠋ᠡᠨ ᠰᠢᠷᠪᠠᠨ ᠵᠣᠭᠰᠣᠵᠤ ᠪᠠᠢᠭ᠎ᠠ ᠶ᠋ᠢ ᠬᠠᠷᠠᠭᠠᠳ ᠠᠭᠤᠷ ᠬᠢᠯᠢᠩ ᠨᠢ ᠤᠯᠠᠮ ᠴᠦ᠍ ᠪᠠᠳᠠᠷᠠᠨ᠎ᠠ᠃ ᠪᠯᠠᠮᠤ ᠬᠠᠷᠠᠵᠤ ᠲᠦᠪᠳᠡᠬᠦ ᠦᠭᠡᠢ ᠳ᠋ᠡᠭᠡᠨ ᠪᠤᠷᠭᠠᠰᠤᠨ ᠤ᠋ ᠮᠥᠴᠢᠷ ᠬᠤᠭᠤᠯᠵᠤ ᠠᠪᠤᠨ ᠡᠨᠡ ᠬᠣᠶᠠᠷ ᠤᠭᠠᠯᠵᠠ ᠶ᠋ᠢᠨ ᠮᠥᠷᠭᠥᠯᠳᠦᠭᠡᠨ ᠢ᠋ ᠰᠠᠯᠭᠠᠵᠤ ᠵᠦᠭ ᠵᠦᠭ ᠲᠤᠨᠢ ᠬᠥᠭᠡᠭᠡᠬᠦ ᠭᠡᠵᠦ《ᠶᠠᠭᠤ ᠬᠢᠨᠡᠮ ᠲᠠ ᠬᠣᠶᠠᠷ᠂ ᠨᠢᠭᠡ ᠵᠤᠰᠠᠭ ᠠᠷᠭᠠᠯᠢ ᠶ᠋ᠢᠨ ᠲᠥᠯᠥᠭᠡ ᠢᠩᠭᠢᠵᠦ ᠴᠦ᠍ ᠨᠠᠭᠠᠨ᠎ᠠ ᠴᠠᠭᠠᠨ᠎ᠠ ᠪᠠᠨ ᠭᠠᠷᠲᠠᠯ᠎ᠠ ᠤᠯᠠᠢᠬᠤ ᠳ᠋ᠠᠭᠠᠨ᠁》 ᠭᠡᠳ ᠨᠥᠭᠦᠭᠡ ᠬᠣᠶᠠᠷ ᠤᠭᠠᠯᠵᠠ ᠶ᠋ᠢᠨ ᠲᠡᠮᠡᠴᠡᠭᠡᠨ ᠢ᠋ ᠭᠠᠢᠬᠠᠵᠤ ᠬᠠᠷᠠᠪᠠᠯ ᠵᠡᠭᠦᠨ ᠲᠠᠯ᠎ᠠ ᠠ᠋ᠴᠠ ᠴᠣᠷᠣᠢᠵᠤ ᠢᠷᠡᠬᠦ ᠨᠢᠭᠡ ᠶ᠋ᠢᠨ ᠬᠢᠨᠢ ᠮᠠᠩᠨᠠᠢ ᠨᠢ ᠤᠯᠠᠭᠠᠨ ᠵᠠᠭᠠᠯ ᠪᠣᠯᠤᠭᠰᠠᠨ ᠪᠠᠢᠪᠠ᠃ ᠲᠡᠷᠡ ᠨᠢ ᠵᠠᠩᠴᠤᠪ ᠰᠢᠭ᠋ ᠰᠠᠨᠠᠭᠳᠠᠵᠤ᠂ ᠪᠠᠷᠠᠭᠤᠨ ᠲᠠᠯ᠎ᠠ ᠠ᠋ᠴᠠ ᠪᠠᠯᠪᠠᠵᠤ ᠢᠷᠡᠬᠦ ᠨᠢᠭᠡ ᠶ᠋ᠢᠨ ᠡᠪᠡᠷ ᠦ᠋ᠨ ᠬᠢᠨᠢ ᠡᠷᠢᠶᠡᠨ ᠰᠤᠵᠠᠭ᠎ᠠ ᠬᠣᠭᠵᠢᠷᠠᠵᠤ ᠤᠨᠠᠪᠠ᠃ ᠡᠨᠡ ᠨᠢ ᠡᠭᠡᠭᠡ ᠯᠡ ᠠᠩᠴᠢᠨᠵᠠᠪ ᠰᠢᠭ᠋ ᠬᠠᠷᠠᠭᠳᠠᠪᠠ᠃《ᠦᠭᠡᠢ᠂ ᠲᠠ ᠬᠣᠶᠠᠷ ᠶᠠᠭᠠᠬᠢᠬᠤ ᠳ᠋ᠠᠭᠠᠨ ᠢᠩᠭᠢᠵᠦ ᠨᠢᠭᠡ ᠨᠢᠭᠡᠨ ᠦ᠌ ᠪᠡᠨ ᠮᠠᠭᠤ ᠶ᠋ᠢ ᠦᠵᠡᠪᠡᠯ ᠰᠠᠶᠢ ᠰᠠᠨᠠᠭ᠎ᠠ ᠠᠮᠠᠷᠠᠳᠠᠭ ᠤᠯᠤᠰ ᠪᠣᠢ? ᠡᠮ᠎ᠡ ᠬᠦᠢᠰᠦᠲᠡᠨ ᠦ᠌ ᠣᠢᠯᠡᠷ ᠢ᠋ ᠶᠠᠭᠠᠬᠢᠬᠤ ᠳ᠋ᠠᠭᠠᠨ ᠡᠨᠡᠷᠢᠵᠦ ᠪᠣᠳᠣᠳᠠᠭ ᠦᠭᠡᠢ ᠨᠢᠭᠦᠯ ᠦ᠋ᠨ ᠲᠣᠯᠣᠭᠠᠢ ᠨᠤᠭᠤᠳ ᠪᠣᠢ⁈》 ᠭᠡᠬᠦ ᠳ᠋ᠦ᠍ ᠨᠥᠭᠦᠭᠡ ᠬᠣᠶᠠᠷ ᠤᠭᠠᠯᠵᠠ ᠠᠳᠠᠯᠢᠬᠠᠨ ᠬᠣᠶᠠᠷ ᠬᠠᠷ᠎ᠠ ᠠᠵᠢᠷᠭ᠎ᠠ ᠬᠤᠪᠢᠯᠤᠨ ᠲᠩᠷᠢ ᠥᠭᠡᠳᠡ ᠮᠠᠴᠤᠬᠤ ᠭᠡᠰᠡᠨ ᠰᠢᠣᠬᠡᠨ ᠳᠡᠭᠡᠭᠰᠢ ᠴᠣᠷᠣᠢᠨ ᠪᠣᠰᠪᠠ᠃ ᠴᠣᠷᠣᠢᠨ ᠪᠣᠰᠤᠭᠰᠠᠨ ᠬᠣᠶᠠᠷ ᠠᠵᠢᠷᠭ᠎ᠠ ᠶ᠋ᠢᠨ ᠪᠡᠶ᠎ᠡ ᠨᠤᠷᠠᠵᠤ ᠤᠨᠠᠬᠤ ᠳ᠋ᠠᠭᠠᠨ ᠨᠢᠭᠡ ᠨᠢᠭᠡᠨ ᠦ᠌ ᠪᠡᠨ ᠭᠤᠶ᠎ᠠ ᠬᠠᠰᠠ ᠠ᠋ᠴᠠ ᠬᠡᠮᠬᠡ ᠬᠠᠵᠠᠵᠤ ᠴᠢᠰᠤ ᠨᠥᠵᠢ ᠭᠣᠭᠣᠵᠢᠭᠤᠯᠤᠨ᠎ᠠ᠁ ᠪᠯᠠᠮᠤ ᠪᠤᠷᠭᠠᠰᠤᠨ ᠤ᠋ ᠮᠥᠴᠢᠷ ᠢ᠋ᠶ᠋ᠡᠨ ᠳᠠᠯᠠᠢᠨ ᠭᠤᠶᠠᠳᠠᠬᠤ ᠶ᠋ᠢ ᠵᠠᠪᠳᠤᠲᠠᠯ᠎ᠠ ᠵᠡᠭᠦᠨ ᠪᠠᠷᠠᠭᠤᠨ ᠲᠠᠯ᠎ᠠ ᠠ᠋ᠴᠠ ᠬᠣᠶᠠᠷ ᠬᠢᠯᠢᠩ ᠪᠠᠳᠠᠷᠠᠭᠰᠠᠨ ᠤᠭᠠᠯᠵᠠ ᠪᠡᠶ᠎ᠡ ᠪᠡᠶ᠎ᠡ ᠤᠷᠤᠭᠤ ᠪᠠᠨ ᠲᠣᠭᠣᠰᠣ ᠲᠠᠲᠠᠭᠤᠯᠤᠨ ᠳᠠᠭᠠᠷᠢᠪᠠ᠃《ᠳ᠋ᠦᠦᠱ—》 ᠭᠡᠰᠡᠨ ᠳᠠᠭᠤᠨ ᠳ᠋ᠤᠨᠢ ᠪᠯᠠᠮᠤ《ᠡᠪᠡᠦ᠂ ᠬᠠᠯᠠᠭ ᠴᠢᠨᠢ!》 ᠭᠡᠰᠡᠨ ᠳᠠᠭᠤ ᠠᠯᠳᠠᠭᠠᠳ ᠳᠤᠮᠳᠠ ᠨᠢ ᠨᠢᠴᠠ ᠮᠥᠷᠭᠥᠭᠳᠡᠪᠡ᠃ ᠥᠪᠡᠷ ᠦ᠋ᠨ ᠪᠡᠶ᠎ᠡ ᠨᠢ ᠳᠠᠩ ᠭᠣᠣᠯ ᠢ᠋ᠶ᠋ᠠᠷ ᠢ᠋ᠶ᠋ᠠᠨ ᠬᠣᠶᠠᠷ ᠬᠤᠪᠢᠶᠠᠭᠳᠠᠵᠤ ᠴᠢᠰᠤᠨ ᠬᠥᠮᠦᠨ ᠪᠣᠯᠪᠠ᠁ 
       ᠯᠥᠤᠱ— ᠭᠡᠬᠦ ᠳᠠᠭᠤᠨ ᠳ᠋ᠤ᠌ ᠪᠯᠠᠮᠤ ᠰᠣᠴᠢᠨ ᠰᠡᠷᠡᠪᠡᠯ ᠪᠦᠬᠦ ᠪᠡᠶ᠎ᠡ ᠨᠢ ᠱᠠᠯ ᠬᠥᠯᠥᠰᠥ᠃ ᠲᠣᠯᠣᠭᠠᠢ ᠲᠦᠷᠦᠭᠦᠦ᠂ ᠨᠢᠷᠤᠭᠤ᠂ ᠪᠡᠶ᠎ᠡ᠂ ᠡᠩᠭᠡᠷ ᠡᠪᠴᠢᠭᠦᠦ ᠨᠣᠪ ᠨᠣᠢᠲᠠᠨ᠃ 
       ᠠᠭᠤᠯᠠᠨᠬᠦᠦ ᠦᠦᠷ ᠬᠠᠷᠠᠩᠭᠤᠢ ᠪᠠᠷ ᠪᠣᠰᠴᠤ ᠰᠠᠢᠷ ᠴᠢᠬᠢᠭᠰᠡᠨ ᠪᠢᠷᠠᠭᠤᠨ ᠠᠷᠠᠰᠤᠨ ᠲᠤᠯᠤᠮ ᠢ᠋ᠶ᠋ᠠᠨ ᠰᠠᠪᠠᠵᠤ ᠪᠣᠯᠪᠠᠰᠤᠷᠠᠭᠰᠠᠨ ᠰᠣᠷᠢᠶᠠᠨ ᠤ᠋ ᠨᠦᠰᠡᠷ ᠳᠠᠭᠤᠨ ᠪᠯᠠᠮᠤ ᠶ᠋ᠢᠨ ᠵᠡᠭᠦᠳᠦᠨ ᠳ᠋ᠦ᠍ ᠣᠷᠣᠵᠤ ᠰᠦᠷᠡᠬᠡᠢ ᠬᠠᠷ᠎ᠠ ᠳᠠᠷᠤᠭᠰᠠᠨ ᠪᠠᠢᠪᠠ᠃ 
       ᠠᠢ᠂ ᠢᠯᠡᠢ! ᠶᠠᠮᠠᠷ ᠮᠠᠭᠤᠬᠠᠢ ᠵᠡᠭᠦᠳᠦ ᠵᠡᠭᠦᠳᠦᠯᠡᠬᠦ ᠨᠢ ᠪᠣᠢ! ᠵᠠᠩᠴᠤᠪ ᠢ᠋ ᠴᠡᠷᠢᠭ ᠡᠴᠡ ᠬᠠᠷᠢᠵᠤ ᠢᠷᠡᠭᠰᠡᠨ ᠡᠴᠡ ᠬᠣᠢᠰᠢ ᠲᠡᠭᠦᠨ ᠦ᠌ ᠳᠣᠲᠣᠷ᠎ᠠ ᠬᠡᠵᠢᠶᠡᠳᠡ ᠢᠩᠭᠢᠵᠦ ᠲᠦᠭ ᠲᠠᠭ ᠲᠠᠢ ᠪᠣᠯᠵᠤ᠂ ᠠᠯᠢ ᠨᠢᠭᠡ ᠡᠳᠦᠷ ᠠᠩᠴᠨᠵᠠᠪ ᠢᠷᠡᠬᠦ ᠳ᠋ᠦ᠍ ᠡᠳᠡ ᠬᠣᠶᠠᠷ ᠴᠣᠬᠣᠮ ᠶᠠᠭᠤ ᠪᠣᠯᠳᠠᠭ ᠪᠣᠯ⁈ ᠡᠷ᠎ᠡ ᠶ᠋ᠢᠨ ᠲᠡᠮᠡᠴᠡᠭᠡᠨ᠂ ᠤᠭᠠᠯᠵᠠ ᠶ᠋ᠢᠨ ᠮᠥᠷᠭᠥᠯᠳᠦᠭᠡᠨ ᠪᠤᠶᠤ ᠠᠵᠢᠷᠭᠠᠨ ᠤ᠋ ᠥᠷᠢᠰᠦᠯᠳᠦᠭᠡᠨ ᠦ᠌ ᠠᠯᠢ ᠳᠣᠭᠰᠢᠨ ᠪᠠᠯᠠᠮᠠᠳ ᠢ᠋ᠶ᠋ᠠᠷ ᠤᠷᠠᠯᠴᠠᠵᠤ ᠮᠥᠷᠥᠢᠴᠡᠬᠦ ᠶ᠋ᠢᠨ ᠲᠥᠯᠥᠪ ᠪᠣᠳᠣᠯ ᠳ᠋ᠤᠨᠢ ᠡᠭᠡᠷᠡᠭᠦᠯ ᠰᠢᠭ ᠡᠷᠭᠢᠯᠳᠦᠭᠰᠡᠭᠡᠷ ᠪᠠᠢᠭᠠᠳ ᠡᠢᠮᠦ ᠲᠣᠭᠰᠢᠨ ᠵᠡᠭᠦᠳᠦ ᠥᠭᠭᠦᠭᠰᠡᠨ ᠨᠢ ᠡᠨᠡ ᠪᠠᠢᠵᠠᠢ᠃ ᠡᠨᠡ ᠴᠣᠬᠣᠮ ᠪᠡᠯᠭᠡ ᠰᠠᠢᠨ ᠵᠡᠭᠦᠳᠦ ᠤᠤ᠂ ᠮᠠᠭᠤ ᠢᠷᠣ᠎ᠠ ᠶ᠋ᠢᠨ ᠰᠤᠪᠢᠨ ᠤᠤ? ᠭᠡᠵᠦ ᠪᠣᠳᠣᠨ ᠰᠠᠶᠢ ᠶ᠋ᠢᠨ ᠵᠡᠭᠦᠳᠦ ᠪᠡᠨ ᠡᠷᠭᠢᠴᠡᠭᠦᠯᠬᠦ ᠳ᠋ᠦ᠍᠂ ᠶᠠᠭ ᠯᠠ ᠥᠪ ᠦᠨᠡᠨ ᠪᠣᠯᠵᠤ ᠥᠩᠭᠡᠷᠡᠭᠰᠡᠨ ᠤᠴᠢᠷ ᠮᠡᠲᠦ ᠪᠣᠳᠣᠯ ᠠ᠋ᠴᠠ ᠨᠢ ᠭᠠᠷᠴᠤ ᠥᠭᠳᠡᠭ ᠦᠭᠡᠢ ᠵᠢᠷᠦᠬᠡ ᠨᠢ ᠯᠦᠭ ᠯᠦᠭ ᠲᠦᠭᠰᠢᠵᠦ ᠳᠣᠲᠣᠷ᠎ᠠ ᠨᠢ ᠳᠠᠪᠴᠢᠭᠤᠳᠠᠵᠤ ᠪᠠᠢᠪᠠ᠃ 
       ᠪᠠᠯᠠᠮᠤ ᠬᠤᠪᠴᠠᠰᠤ ᠬᠤᠨᠠᠷ ᠢ᠋ᠶ᠋ᠠᠨ ᠡᠮᠦᠰᠴᠦ ᠬᠥᠯᠥᠰᠥ ᠪᠡᠨ ᠰᠡᠷᠭᠦᠭᠡᠬᠦ ᠵᠠᠪ ᠦᠭᠡᠢ ᠠᠭᠠᠷᠤᠨ ᠰᠠᠭᠤᠯᠠᠭ᠎ᠠ ᠪᠠᠨ ᠠᠪᠴᠤ ᠰᠠᠷᠯᠤᠭ ᠢ᠋ᠶ᠋ᠠᠨ ᠰᠠᠭᠠᠬᠤ ᠪᠠᠷ ᠲᠤᠭᠤᠯ ᠢᠪᠢᠯᠭᠡᠨ ᠵᠣᠭᠰᠣᠬᠤ ᠳ᠋ᠠᠭᠠᠨ《ᠵᠡᠭᠦᠳᠦ ᠡᠰᠡᠷᠭᠦ ᠭᠡᠵᠦ ᠬᠠᠭᠤᠴᠢᠨ ᠤ᠋ ᠬᠥᠮᠦᠰ ᠬᠡᠯᠡᠳᠡᠭ ᠶᠦᠮ᠃ ᠮᠣᠭᠠᠢ ᠵᠡᠭᠦᠳᠦᠯᠡᠪᠡᠯ ᠡᠮᠡᠭᠲᠡᠢ ᠬᠥᠮᠦᠨ ᠳᠠᠪᠬᠤᠷ ᠪᠣᠯᠵᠤ ᠬᠦᠦ ᠲᠡᠢ ᠪᠣᠯᠤᠨ᠎ᠠ ᠭᠡᠳᠡᠭ᠃ ᠴᠢᠰᠤ ᠨᠥᠵᠢ ᠭᠡᠵᠦ ᠵᠡᠭᠦᠳᠦᠯᠡᠪᠡᠯ ᠰᠠᠢᠨ ᠪᠡᠯᠭᠡ ᠭᠡᠳᠡᠭ᠁》 ᠭᠡᠵᠦ ᠪᠣᠳᠣᠯ ᠪᠣᠯᠤᠨ ᠲᠤᠭᠤᠯ ᠢ᠋ᠶ᠋ᠠᠨ ᠲᠠᠲᠠᠬᠤ ᠪᠠᠨ ᠮᠠᠷᠲᠠᠵᠤ ᠣᠷᠬᠢᠪᠠ᠃ ᠮᠠᠭᠤ ᠬᠠᠷᠠᠯᠠᠭ ᠲᠤᠭᠤᠯ ᠤ᠋ᠨ ᠬᠣᠩᠰᠢᠶᠠᠷ ᠨᠢ ᠬᠥᠭᠡᠰᠦᠷᠡᠵᠦ ᠡᠬᠡ ᠶ᠋ᠢᠨ ᠢ᠋ᠶ᠋ᠡᠨ ᠳᠠᠯᠠᠩ ᠢ᠋ ᠲᠡᠷᠡ ᠵᠠᠪ ᠦᠭᠡᠢ ᠬᠣᠭᠣᠰᠣᠷᠠᠲᠠᠯ᠎ᠠ ᠲᠠᠰᠢᠴᠢᠬᠠᠵᠠᠢ᠃ ᠪᠯᠠᠮᠤ ᠦᠨᠢᠶ᠎ᠡ ᠪᠡᠨ ᠰᠠᠭᠠᠴᠢᠬᠠᠭᠠᠳ ᠰᠥᠨᠢ ᠶ᠋ᠢᠨ ᠵᠡᠭᠦᠳᠦᠯᠡᠭᠰᠡᠨ ᠢ᠋ᠶ᠋ᠡᠨ ᠰᠠᠨᠠᠵᠤ ᠵᠡᠭᠦᠨ ᠬᠥᠲᠥᠯ ᠢ᠋ ᠮᠠᠴᠤᠪᠠ᠃ 
       ᠠᠷᠭᠠᠯᠢ ᠶ᠋ᠢᠨ ᠬᠡᠪᠲᠡᠰᠢ ᠳ᠋ᠡᠬᠢ ᠠᠷᠭᠠᠯᠢ ᠤᠭᠠᠯᠵᠠ ᠶ᠋ᠢ ᠨᠢᠳᠦ ᠪᠡᠷ ᠢ᠋ᠶ᠋ᠡᠨ ᠬᠠᠷᠠᠵᠤ ᠦᠵᠡᠶ᠎ᠡ ᠭᠡᠵᠦ ᠴᠢᠯᠥᠭᠡ ᠦᠭᠡᠢ ᠮᠠᠴᠤᠭᠰᠠᠭᠠᠷ ᠠᠷᠭᠠᠯᠢ ᠶ᠋ᠢᠨ ᠬᠡᠪᠲᠡᠰᠢ ᠶ᠋ᠢᠨ ᠤᠷᠲᠤ ᠰᠢᠷᠢᠩᠭᠢ ᠲᠡᠢ ᠬᠠᠮᠠᠷ ᠳᠡᠭᠡᠷ᠎ᠡ ᠭᠠᠷᠴᠤ ᠣᠴᠢᠪᠠ᠃ ᠶᠣᠰᠣᠲᠠᠢ ᠬᠣᠷᠮᠣᠢ ᠳ᠋ᠤᠨᠢ ᠬᠡᠢ ᠣᠷᠣᠴᠢᠬᠠᠭᠰᠠᠨ ᠶᠤᠮ ᠰᠢᠭ᠋ ᠨᠢᠭᠡ ᠯᠡ ᠠᠮᠢᠰᠬᠤᠭ᠎ᠠ ᠪᠠᠷ ᠮᠠᠴᠤᠭᠰᠠᠨ ᠠ᠋ᠴᠠ ᠵᠢᠷᠦᠬᠡ ᠨᠢ ᠠᠮᠠ ᠪᠠᠷ ᠨᠢ ᠭᠠᠷᠴᠢᠬᠠᠮᠠᠷ ᠪᠠᠢᠪᠠ᠁  
       ᠲᠡᠷᠲᠡᠭᠡ ᠥᠨᠳᠥᠷ ᠠᠭᠤᠯᠠ ᠶ᠋ᠢᠨ ᠲᠣᠯᠣᠭᠠᠢ ᠳᠡᠭᠡᠷ᠎ᠡ ᠨᠠᠷᠠ ᠲᠣᠰᠴᠤ᠂ ᠠᠷᠭᠠᠯᠢ ᠶ᠋ᠢᠨ ᠬᠡᠪᠲᠡᠰᠢ ᠶ᠋ᠢᠨ ᠠᠷᠭᠠᠯᠢ ᠤᠭᠠᠯᠵᠠ ᠨᠤᠭᠤᠳ ᠡᠷᠲᠡ ᠶ᠋ᠢᠨ ᠰᠡᠷᠢᠭᠦᠨ ᠳ᠋ᠦ᠍ ᠲᠠᠢᠪᠤᠩ ᠪᠡᠯᠴᠢᠬᠦ ᠬᠠᠷᠠᠭᠳᠠᠨ᠎ᠠ᠃ ᠤᠭᠠᠯᠵᠠᠯᠠᠭᠰᠠᠨ ᠲᠣᠮᠣ ᠡᠪᠡᠷ ᠲᠡᠢ᠂ ᠬᠠᠮᠤᠭ ᠤ᠋ᠨ ᠬᠦᠴᠦᠷᠬᠡᠭ ᠤᠭᠠᠯᠵᠠ ᠪᠥᠨᠲᠥᠭᠡᠷ ᠬᠠᠳᠠᠨ ᠳ᠋ᠤ᠌ ᠡᠪᠡᠷ᠂ ᠪᠡᠶ᠎ᠡ ᠪᠡᠨ ᠱᠦᠷᠭᠦᠭᠡᠵᠦ ᠵᠣᠭᠰᠣᠨ ᠶᠠᠮᠠᠷ ᠴᠦ᠍ ᠳᠠᠢᠰᠤᠩᠨᠠᠬᠤ ᠡᠲᠡᠭᠡᠳ ᠲᠡᠢ ᠥᠷᠢᠰᠦᠯᠳᠦᠬᠦ ᠠᠨᠢᠷ ᠦᠯᠦ ᠮᠡᠳᠡᠭᠳᠡᠨ᠎ᠡ᠃ ᠨᠥᠭᠦᠭᠡ ᠠᠷᠠᠢ ᠪᠡᠶ᠎ᠡ ᠪᠡᠷ ᠪᠠᠭ᠎ᠠ ᠬᠡᠳᠦᠨ ᠤᠭᠠᠯᠵᠠ ᠨᠢ ᠨᠢᠭᠡᠨ ᠠᠳᠠᠯᠢ ᠲᠠᠢᠪᠤᠩ ᠪᠠᠢᠷᠢ ᠲᠠᠢ ᠰᠦᠷᠦᠭ ᠲᠡᠢ ᠪᠡᠨ ᠬᠢᠷ᠎ᠠ ᠳᠠᠪᠠᠨ ᠪᠡᠯᠴᠢᠨ᠎ᠡ᠃ 
       ᠪᠯᠠᠮᠤ ᠲᠡᠷᠲᠡᠭᠡ ᠪᠡᠯᠴᠢᠵᠦ ᠶᠠᠪᠤᠭ᠎ᠠ ᠠᠷᠭᠠᠯᠢ ᠶ᠋ᠢᠨ ᠰᠦᠷᠦᠭ ᠢ᠋ ᠬᠠᠷᠠᠭᠠᠳ ᠳᠣᠲᠣᠷ᠎ᠠ ᠨᠢ ᠠᠭᠤᠵᠢᠷᠠᠭᠰᠠᠨ ᠰᠢᠭ᠋ ᠰᠠᠨᠠᠭᠳᠠᠵᠤ《ᠵᠡᠭᠦᠳᠦ ᠡᠰᠡᠷᠭᠦ ᠭᠡᠳᠡᠭ ᠨᠢ ᠦᠨᠡᠨ ᠶᠦᠮ ᠪᠠᠢᠨ᠎ᠠ᠁》 ᠭᠡᠵᠦ ᠳᠦᠳᠦᠨᠡᠨ ᠭᠠᠷ ᠲᠤ ᠥᠷᠲᠥᠬᠦ ᠪᠡᠷ ᠵᠡᠷᠯᠢᠭ ᠰᠣᠩᠭᠢᠨ᠎ᠠ᠂ ᠬᠦᠮᠡᠯᠢ ᠶ᠋ᠢᠨ ᠴᠡᠴᠡᠭ ᠲᠡᠭᠦᠭᠰᠡᠭᠡᠷ ᠪᠤᠴᠠᠵᠤ ᠶᠠᠪᠤᠪᠠ᠃ 
       ᠨᠠᠷᠠ ᠦᠳᠡ ᠰᠢᠬᠠᠵᠤ᠂ ᠵᠤᠯᠠᠢ ᠠ᠋ᠴᠠ ᠰᠦᠷᠡᠬᠡᠢ ᠰᠢᠷᠠᠵᠤ ᠪᠠᠢᠯ᠎ᠠ᠃ ᠪᠯᠠᠮᠤ ᠬᠣᠷᠮᠣᠢ ᠳᠦᠭᠦᠷᠲᠡᠯ᠎ᠡ ᠵᠡᠷᠯᠢᠭ ᠰᠣᠩᠭᠢᠨ᠎ᠠ ᠲᠡᠭᠦᠵᠦ ᠠᠷᠭᠠᠯᠢ ᠶ᠋ᠢᠨ ᠬᠡᠪᠲᠡᠰᠢ ᠡᠴᠡ ᠪᠠᠷᠠᠭᠤᠨ ᠬᠣᠢᠰᠢ ᠵᠢᠰᠢᠭᠦᠦ ᠰᠤᠨᠤᠯᠵᠠᠭᠰᠠᠨ ᠬᠠᠮᠠᠷ ᠢ᠋ ᠬᠢᠷᠠᠯᠠᠵᠤ ᠶᠠᠪᠤᠨ ᠥᠯᠥᠩᠲᠦ ᠶ᠋ᠢᠨ ᠡᠬᠢᠨ ᠳ᠋ᠦ᠍ ᠭᠠᠷᠴᠤ ᠵᠢᠭᠠᠬᠠᠨ ᠬᠥᠯ ᠠᠮᠠᠷᠠᠪᠠ᠃ 
       ᠨᠠᠷᠠ ᠬᠠᠯᠠᠬᠤ ᠳ᠋ᠤ᠌ ᠠᠷᠭᠠᠯᠢ ᠶ᠋ᠢᠨ ᠰᠦᠷᠦᠭ ᠬᠣᠰᠢᠭᠤ ᠬᠠᠮᠠᠷ ᠢ᠋ᠶ᠋ᠠᠨ ᠭᠠᠵᠠᠷ ᠰᠢᠭᠠᠨ ᠭᠣᠣᠯ ᠤᠷᠤᠭᠤ ᠴᠤᠪᠤᠪᠠ᠃ ᠪᠯᠠᠮᠤ ᠡᠳᠡᠭᠡᠷ ᠡᠪᠡᠰᠦᠨ ᠦ᠌ ᠰᠣᠷᠭᠣᠭ ᠤᠰᠤᠨ ᠤ᠋ ᠲᠤᠩᠭᠠᠯᠠᠭ ᠢ᠋ ᠳᠠᠭᠠᠵᠤ ᠶᠠᠪᠤᠭ᠎ᠠ ᠬᠣᠨᠢᠨ ᠭᠥᠷᠥᠭᠡᠰᠦ ᠶ᠋ᠢ ᠬᠠᠷᠠᠭᠠᠳ ᠰᠡᠳᠬᠢᠯ ᠳ᠋ᠦ᠍ ᠨᠢᠭᠡ ᠯᠡ ᠲᠠᠭᠠᠲᠠᠢ ᠰᠠᠨᠠᠭᠳᠠᠨ᠎ᠠ᠃ 
       ᠠᠷᠭᠠᠯᠢ ᠴᠤᠪᠤᠵᠤ ᠣᠷᠣᠭᠰᠠᠨ ᠬᠥᠲᠥᠯ ᠦ᠋ᠨ ᠴᠠᠭᠠᠭᠤᠷ᠂ ᠮᠣᠳᠣᠳ ᠤ᠋ᠨ ᠱᠣᠪᠣᠭᠣᠷ ᠣᠷᠣᠢ ᠪᠠᠷ ᠠᠭᠤᠯᠠ ᠶ᠋ᠢᠨ ᠪᠦᠰᠡᠯᠡᠭᠦᠷ ᠢ᠋ ᠬᠢᠷᠭᠠᠭᠰᠠᠨ ᠰᠢᠭ᠋ ᠲᠡᠭᠰᠢᠬᠡᠨ ᠣᠭ᠌ᠶᠤᠷᠡᠵᠤ ᠬᠠᠷᠠᠭᠳᠠᠬᠤ ᠰᠢᠵᠠᠷᠭᠠᠨ ᠤ᠋ ᠬᠠᠮᠠᠷ ᠢ᠋ ᠨᠠᠯᠠᠵᠤ ᠨᠢᠭᠡ ᠰᠤᠯᠠ ᠮᠣᠷᠢ ᠬᠣᠯᠪᠣᠵᠤ ᠬᠥᠲᠥᠯᠦᠭᠰᠡᠨ ᠭᠤᠷᠪᠠᠨ ᠮᠣᠷᠢᠲᠠᠢ ᠬᠥᠮᠦᠨ ᠴᠤᠪᠤᠷᠠᠨ ᠭᠠᠷᠴᠤ ᠢᠷᠡᠪᠡ᠃ 
       ᠪᠣᠢᠳᠠ ᠪᠥᠭᠯᠡᠭᠦᠦ ᠭᠠᠵᠠᠷ ᠰᠠᠭᠤᠵᠤ ᠲᠠᠩᠳᠠ ᠵᠡᠷᠯᠢᠭ ᠭᠥᠷᠥᠭᠡᠰᠦ᠂ ᠠᠮᠢᠲᠠᠨ ᠢ᠋ᠶ᠋ᠠᠷ ᠬᠠᠨᠢ ᠲᠠᠲᠠᠵᠤ ᠲᠡᠳᠡᠨᠦᠰ ᠢ᠋ᠶ᠋ᠡᠨ ᠬᠠᠷᠠᠭᠠᠳ ᠪᠠᠶᠠᠰᠳᠠᠭ ᠪᠯᠠᠮᠤ ᠪᠦᠷ ᠴᠦ᠍ ᠬᠥᠮᠦᠨ ᠠᠮᠢᠲᠠᠨ ᠠ᠋ᠴᠠ ᠪᠢᠰᠢᠭᠦᠷᠬᠡᠭ ᠪᠣᠯᠤᠭᠰᠠᠨ ᠳ᠋ᠠᠭᠠᠨ ᠬᠠᠮᠢᠭ᠎ᠠ ᠬᠣᠯᠠ ᠬᠥᠮᠦᠨ ᠦ᠌ ᠪᠠᠷ᠎ᠠ ᠪᠠᠷ ᠠᠢᠳᠠᠰ ᠲᠥᠷᠥᠵᠦ ᠪᠡᠶ᠎ᠡ ᠪᠡᠨ ᠠᠶᠤᠯᠭᠠᠭᠠᠳ ᠪᠠᠢᠳᠠᠭ ᠪᠣᠯᠵᠠᠢ᠃《ᠶᠠᠭᠤᠨ ᠤ᠋ ᠬᠥᠮᠦᠨ ᠪᠣᠯᠴᠢᠬᠠᠪᠠ? ᠮᠠᠨ ᠤ᠋ ᠬᠥᠮᠦᠨ ᠢ᠋ ᠬᠠᠢᠵᠤ ᠶᠠᠪᠤᠭ᠎ᠠ ᠶᠤᠮ ᠪᠢᠰᠢ ᠪᠢᠵᠡ? ᠯᠠᠮᠠ ᠭᠤᠷᠪᠠᠢ② ᠡᠷᠳᠡᠨᠢ!》 ᠭᠡᠵᠦ ᠳᠦᠳᠦᠨᠡᠭᠡᠳ ᠭᠡᠷ ᠵᠦᠭ ᠢ᠋ᠶ᠋ᠡᠨ ᠳᠥᠭᠥᠪᠡ᠁  
       ᠭᠠᠳᠠᠭ᠎ᠠ ᠵᠢᠯᠠᠪᠴᠢᠨ ᠲᠣᠭᠣᠭᠠᠨ ᠳ᠋ᠤ᠌ ᠭᠤᠷ᠎ᠠ ᠶ᠋ᠢᠨ ᠪᠣᠷᠣ ᠱᠥᠯᠥ ᠫᠣᠷ ᠫᠣᠷ ᠪᠤᠴᠠᠯᠵᠤ ᠭᠡᠷ ᠦ᠋ᠨ ᠬᠠᠶᠠᠭ᠎ᠠ ᠶ᠋ᠢ ᠬᠠᠩᠬᠤ ᠲᠠᠲᠠᠭᠤᠯᠤᠨ᠎ᠠ᠃ 
       ᠪᠯᠠᠮᠤ ᠭᠤᠷ᠎ᠠ ᠶ᠋ᠢᠨ ᠮᠢᠬ᠎ᠠ ᠬᠡᠷᠴᠢᠵᠦ ᠵᠡᠷᠯᠢᠭ ᠰᠣᠩᠭᠢᠨ᠎ᠠ᠂ ᠬᠦᠮᠡᠯᠢ ᠪᠡᠷ ᠠᠮᠲᠠᠯᠠᠭᠤᠯᠤᠭᠰᠠᠨ ᠪᠤᠤᠰᠠ ᠪᠠᠷᠢᠵᠤ ᠮᠤᠩᠭᠠᠨᠢᠨ᠎ᠠ᠃ ᠥᠨᠥᠳᠥᠷ ᠪᠯᠠᠮᠤ ᠶ᠋ᠢᠨ ᠳᠣᠲᠣᠷ᠎ᠠ ᠴᠠᠭᠠᠨ᠎ᠠ ᠪᠠᠨ ᠨᠢᠭᠡ ᠯᠡ ᠪᠠᠶᠠᠷᠲᠠᠢ᠂ ᠭᠠᠳᠠᠨ᠎ᠠ ᠳᠣᠲᠣᠨ᠎ᠠ ᠪᠠᠨ ᠣᠷᠣᠵᠤ ᠭᠠᠷᠤᠨ ᠭᠠᠯ ᠲᠣᠭᠣᠭ᠎ᠠ᠂ ᠴᠠᠢ ᠤᠮᠳᠠ ᠬᠢᠵᠦ ᠶᠠᠭᠠᠷᠠᠨ᠎ᠠ᠃ ᠪᠣᠷᠣ ᠭᠡᠷ ᠦ᠋ᠨ ᠬᠢᠨᠢ ᠬᠣᠢᠮᠣᠷ ᠵᠠᠢᠴᠢᠯᠠᠨ ᠰᠢᠷᠡᠭᠡ ᠬᠠᠪᠴᠢᠵᠤ ᠠᠷᠢᠬᠢ ᠰᠢᠮᠡᠭᠰᠡᠨ ᠵᠠᠩᠴᠤᠪ ᠪᠣᠯᠤᠨ ᠠᠩᠴᠢᠨᠵᠠᠪ ᠤ᠋ᠨ ᠨᠠᠢᠷᠰᠠᠭ ᠵᠣᠭᠣᠭ ᠲᠠᠭᠠᠨ ᠪᠠᠭᠲᠤᠵᠤ ᠢᠨᠢᠶᠡᠨ ᠬᠠᠨᠢᠶᠠᠨ ᠪᠠᠢᠭ᠎ᠠ ᠨᠢ ᠰᠡᠳᠬᠢᠯ ᠳ᠋ᠦ᠍ᠨᠢ ᠥᠶᠥᠭ ᠪᠠᠢᠯ᠎ᠠ᠃ ᠭᠡᠬᠦ ᠳ᠋ᠡᠭᠡᠨ ᠢᠩᠭᠢᠬᠦ ᠲᠣᠰᠤᠮ ᠢ᠋ᠶ᠋ᠠᠨ ᠪᠯᠠᠮᠤ ᠶ᠋ᠢᠨ ᠳᠣᠲᠣᠷ᠎ᠠ ᠶᠠᠭᠤ ᠭᠡᠵᠦ ᠬᠡᠯᠡᠬᠦ ᠳ᠋ᠦ᠍ ᠬᠡᠴᠡᠭᠦᠦ ᠪᠣᠳᠣᠯ ᠪᠡᠶ᠎ᠡ ᠶ᠋ᠢ ᠨᠢ ᠡᠵᠡᠮᠳᠡᠨ᠎ᠡ᠃ 
       ᠡᠷᠲᠡ ᠶ᠋ᠢᠨ ᠬᠠᠷ᠎ᠠ ᠳᠠᠷᠤᠭᠰᠠᠨ ᠵᠡᠭᠦᠳᠦᠨ ᠳ᠋ᠡᠬᠢ ᠣᠷᠣᠭᠠᠨ ᠤ᠋ ᠣᠮᠣᠭᠲᠤ ᠤᠭᠠᠯᠵᠠ ᠶ᠋ᠢᠨ ᠮᠥᠷᠭᠥᠯᠳᠦᠭᠡᠨ ᠪᠢᠰᠢ ᠯᠡ ᠪᠠᠢᠵᠢ ᠳᠠ! ᠡᠳᠡ ᠬᠣᠶᠠᠷ᠁ ᠵᠡᠭᠦᠳᠦ ᠡᠰᠡᠷᠭᠦ ᠪᠠᠢᠳᠠᠭ ᠭᠡᠰᠡᠨ ᠨᠢ ᠦᠨᠡᠨ ᠶᠦᠮ ᠪᠠᠢᠨ᠎ᠠ ᠭᠡᠵᠦ ᠪᠯᠠᠮᠤ ᠡᠨᠡ ᠬᠣᠶᠠᠷ ᠡᠷ᠎ᠡ ᠬᠥᠮᠦᠨ ᠢ᠋ ᠤᠯᠠᠮ ᠴᠦ᠍ ᠪᠢᠰᠢᠷᠡᠨ ᠬᠦᠨᠳᠦᠳᠬᠡᠬᠦ ᠰᠡᠳᠬᠢᠯ ᠤᠷᠭᠤᠵᠤ ᠬᠡᠨ ᠠᠯᠢᠨ ᠢ᠋ ᠨᠢ ᠴᠠᠭᠠᠰᠢ ᠭᠡᠵᠦ ᠦᠯᠦ ᠲᠦᠪᠳᠡᠨ᠂ ᠪᠣᠯᠳᠠᠭ ᠰᠠᠨ ᠪᠣᠯ ᠪᠦᠰᠡᠭᠦᠢ ᠷᠠᠬᠢᠨᠢ ᠪᠡᠶ᠎ᠡ ᠪᠡᠨ ᠲᠠᠯᠠᠯᠠᠭᠠᠳ ᠥᠭᠬᠦ ᠶᠤᠮᠰᠠᠨ ᠭᠡᠵᠦ ᠬᠡᠢ ᠪᠣᠳᠣᠬᠤ ᠠ᠋ᠴᠠ ᠬᠠᠴᠠᠷ ᠨᠢ ᠨᠢᠯᠴᠢᠭᠢᠨᠡᠪᠡ᠃ ᠨᠠᠷᠠ ᠰᠠᠷᠠ ᠲᠤᠨᠤᠷᠠᠭᠰᠠᠨ ᠡᠨᠡ ᠬᠣᠶᠠᠷ ᠡᠷ᠎ᠡ ᠶ᠋ᠢᠨ ᠲᠤᠩᠭᠠᠯᠠᠭ ᠴᠢᠷᠠᠢ ᠶ᠋ᠢ ᠡᠭᠡᠯᠵᠢᠯᠡᠨ ᠬᠠᠷᠠᠭᠠᠳ ᠣᠯᠵᠠᠷᠬᠠᠪᠠᠴᠤ᠁ ᠴᠢᠮᠡᠭᠡ ᠴᠦ᠍ ᠦᠭᠡᠢ ᠶᠠᠪᠤᠴᠢᠬᠠᠭᠠᠳ ᠴᠣᠴᠢᠮᠠᠭ ᠬᠠᠷᠢᠭᠠᠳ ᠢᠷᠡᠭᠰᠡᠨ  ᠵᠠᠩᠴᠤᠪ ᠢ᠋ ᠬᠠᠷᠠᠭᠠᠳ ᠦᠨᠡᠷᠬᠡᠬᠦ ᠭᠣᠮᠣᠳᠠᠬᠤ ᠬᠣᠣᠰᠯᠠᠨ᠎ᠠ᠁ ᠭᠡᠬᠦ ᠳ᠋ᠦ᠍ ᠭᠡᠨᠡᠳᠲᠡ ᠶ᠋ᠢᠨ ᠠᠮᠠᠷᠠᠭ ᠢ᠋ᠶ᠋ᠠᠷ ᠬᠡᠨᠡᠭ ᠦᠭᠡᠢ ᠬᠠᠨᠢᠯᠠᠭᠰᠠᠨ ᠳᠡᠭᠦᠮᠡᠳ ᠠᠩᠴᠢᠨᠵᠠᠪ ᠢ᠋ ᠬᠠᠷᠠᠭᠠᠳ ᠤᠶᠠᠷᠠᠵᠤ ᠭᠡᠮᠰᠢᠬᠦ ᠬᠣᠣᠰᠯᠠᠨ᠎ᠠ᠃ ᠪᠯᠠᠮᠤ ᠢᠩᠭᠢᠵᠦ ᠡᠯᠳᠡᠪ ᠡᠷᠢᠶᠡᠨ ᠪᠣᠳᠣᠯ ᠳ᠋ᠤ᠌ ᠣᠷᠢᠶᠠᠭᠳᠠᠨ ᠪᠡᠶᠡᠰᠴᠦ ᠤᠶᠠᠰᠬᠤ ᠠᠪᠴᠤ ᠦᠨᠡᠨ ᠦ᠌ ᠡᠴᠦᠰ ᠶᠠᠮᠠᠷᠬᠠᠨ ᠲᠡᠭᠦᠰᠬᠡᠯ ᠲᠡᠢ ᠪᠣᠯᠬᠤ ᠶ᠋ᠢ ᠲᠡᠷᠡ ᠪᠣᠳᠣᠬᠤ ᠠ᠋ᠴᠠ ᠪᠠᠨ ᠬᠠᠯᠠᠬᠠᠢᠰᠢᠷᠠᠨ᠎ᠠ᠃  
       ᠰᠢᠷᠠᠰᠤᠨ ᠳ᠋ᠤ᠌ ᠳᠠᠪᠤᠰᠤᠯᠠᠭᠰᠠᠨ ᠲᠣᠭᠳᠠᠤᠰᠤ③ ᠪᠠ ᠬᠦᠮᠡᠯᠢ᠂ ᠭᠤᠷ᠎ᠠ ᠶ᠋ᠢᠨ ᠮᠢᠬ᠎ᠠ ᠶ᠋ᠢᠨ ᠵᠠᠭᠤᠰᠢ ᠵᠡᠷᠭᠡ ᠨᠢ ᠤᠳᠠᠭᠠᠨ ᠠᠭᠤᠯᠵᠠᠭᠰᠠᠨ ᠦᠭᠡᠢ ᠬᠣᠶᠠᠷ ᠰᠠᠢᠨ ᠡᠷ᠎ᠡ ᠶ᠋ᠢᠨ ᠳᠠᠶᠠᠩ ᠲᠣᠪᠴᠢᠯᠠᠭᠰᠠᠨ ᠵᠣᠭᠣᠭ ᠲᠤ ᠲᠡᠳᠦᠢ ᠯᠡ ᠰᠣᠨᠢᠨ ᠶᠠᠭᠤᠮ᠎ᠠ ᠪᠢᠰᠢ ᠪᠠᠢᠯ᠎ᠠ᠃ ᠪᠤᠤᠰᠠ ᠪᠣᠯᠬᠤ ᠶ᠋ᠢᠨ ᠬᠢᠷᠢ ᠳ᠋ᠦ᠍ ᠪᠣᠳᠣᠩ ᠲᠠᠢ ᠠᠷᠢᠬᠢ ᠢᠷᠣᠭᠠᠷ ᠨᠢ ᠭᠠᠷᠪᠠ᠃ ᠭᠠᠰᠢᠭᠤᠨ ᠬᠠᠷ᠎ᠠ ᠶ᠋ᠢᠨ ᠢᠳᠡᠨ ᠳ᠋ᠦ᠍ ᠡᠳᠡ ᠬᠣᠶᠠᠷ ᠬᠠᠯᠠᠮᠰᠠᠵᠤ ᠨᠡᠯᠢᠶᠡᠳ ᠵᠣᠷᠢᠭ ᠣᠷᠣᠭᠰᠠᠨ ᠤ᠋ ᠬᠢ ᠪᠣᠯᠪᠠ ᠤᠤ ᠴᠦ᠍ ᠭᠡᠮᠡᠷ ᠳᠠᠭᠤ ᠨᠢ ᠬᠠᠶᠠ ᠬᠠᠶᠠ ᠥᠨᠳᠥᠷᠵᠢᠨ ᠥᠪᠡᠷ ᠥᠪᠡᠷ ᠦ᠋ᠨ ᠢ᠋ᠶ᠋ᠡᠨ ᠯᠡ ᠶᠠᠷᠢᠬᠤ ᠨᠢ ᠢᠯᠡᠭᠦᠦ ᠪᠣᠯᠵᠤ ᠪᠠᠢᠯ᠎ᠠ᠃ 
       — ᠠᠩᠴᠢᠨᠵᠠᠪ ᠠ᠋᠂ ᠮᠢᠨᠦ ᠳᠡᠭᠦᠦ ᠡᠵᠢ ᠳᠡᠭᠡᠷ᠎ᠡ ᠪᠡᠨ ᠣᠴᠢᠳᠠᠭ ᠦᠭᠡᠢ ᠨᠢ ᠶᠠᠭᠠᠬᠢᠪᠠ? 
       — ᠡᠵᠢ⁈ ᠶᠠᠭᠠᠬᠢᠭᠠᠳ ᠪᠢ ᠡᠵᠢ ᠳᠡᠭᠡᠷ᠎ᠡ ᠣᠴᠢᠭᠰᠠᠨ ᠦᠭᠡᠢ ᠪᠣᠢ? ᠰᠡᠭᠦᠯ ᠦ᠋ᠨ ᠤᠳᠠᠭ᠎ᠠ ᠣᠴᠢᠬᠤ ᠳ᠋ᠤ᠌ ᠡᠵᠢ᠁ 
       — ᠡᠵᠢ ᠶᠠᠭᠠᠬᠢᠪᠠ⁈ 
       — ᠡᠵᠢ ᠮᠢᠨᠢ ᠮᠢᠨᠦ ᠬᠣᠢᠨ᠎ᠠ ᠠ᠋ᠴᠠ᠁ ᠭᠡᠳ ᠬᠣᠭᠣᠯᠠᠢ ᠨᠢ ᠡᠷᠢᠶᠡᠲᠤᠵᠤ《ᠡᠨᠡ ᠪᠢᠰᠢ ᠤᠤ? ᠡᠨᠡ ᠮᠠᠨᠤᠬᠤᠨ ᠬᠥᠬᠦᠦᠷ ᠢ᠋ ᠨᠠᠳᠠ ᠦᠯᠡᠳᠡᠭᠡᠵᠦ ᠦᠭᠭᠦᠭᠰᠡᠨ ᠪᠠᠢᠬᠤ ᠳ᠋ᠤ᠌᠁》 ᠭᠡᠵᠦ ᠡᠪᠦᠷ ᠡᠴᠡ ᠪᠡᠨ ᠱ᠌ᠢᠷᠦᠨ ᠲᠠᠭ ᠲᠠᠢ ᠮᠠᠨᠤᠬᠤᠨ ᠬᠥᠬᠦᠦᠷ ᠢ᠋ ᠭᠠᠷᠭᠠᠵᠤ ᠵᠠᠩᠴᠤᠪ ᠲᠤ ᠦᠵᠡᠭᠦᠯᠪᠡ᠃ 
       — ᠠᠩᠴᠢᠨᠵᠠᠪ ᠠ᠋᠂ ᠠᠩᠴᠢᠨᠵᠠᠪ᠁ ᠣᠳᠣ ᠡᠵᠢ ᠴᠢᠨᠢ ᠬᠠᠮᠢᠭ᠎ᠠ ᠪᠠᠢᠨ᠎ᠠ ᠭᠡᠵᠦ ᠰᠠᠨᠠᠨ᠎ᠠ ᠴᠢ? 
       — ᠬᠠᠮᠢᠭ᠎ᠠ ᠪᠠᠢᠨ᠎ᠠ ᠭᠡᠵᠦ? ᠪᠢ ᠴᠦ᠍ ᠨᠠᠰᠤᠲᠠᠨ ᠪᠤᠭᠤᠷᠤᠯ ᠡᠵᠢ ᠲᠡᠢ ᠪᠡᠨ ᠠᠭᠤᠯᠵᠠᠬᠤ ᠰᠠᠨ ᠭᠡᠵᠦ ᠰᠥᠨᠢ ᠶ᠋ᠢᠨ ᠵᠡᠭᠦᠳᠦᠨ ᠳ᠋ᠡᠭᠡᠨ ᠴᠦ᠍ ᠵᠡᠭᠦᠳᠦᠯᠡᠳᠡᠭ ᠰᠢᠦ! 
       — ᠬᠣᠪᠢᠯᠴᠡᠴᠡᠭ ᠡᠵᠢ ᠡᠨᠡ ᠠᠭᠤᠯᠠᠨ ᠳ᠋ᠤ᠌ ᠬᠡᠳᠦᠨ ᠵᠢᠯ ᠠᠮᠢᠳᠤᠷᠠᠭᠰᠠᠨ ᠭᠡᠪᠡᠯ ᠴᠢ ᠢᠲᠡᠭᠡᠨ᠎ᠡ ᠤᠤ? 
       — ᠁  
       ᠠᠩᠴᠢᠨᠵᠠᠪ ᠵᠠᠩᠴᠤᠪ ᠢ᠋ ᠬᠡᠰᠡᠭ ᠮᠡᠯᠡᠷᠡᠨ ᠬᠠᠷᠠᠵᠤ ᠲᠡᠭᠦᠨ ᠦ᠌ ᠠᠮᠠᠨ ᠠ᠋ᠴᠠ《ᠡᠵᠢ ᠮᠢᠨᠢ ᠣᠳᠣ ᠬᠠᠮᠢᠭ᠎ᠠ ᠪᠠᠢᠨ᠎ᠠ》 ᠭᠡᠰᠡᠨ ᠠᠵᠠᠲᠠᠢ ᠰᠤᠷᠠᠭ ᠭᠣᠷᠢᠳᠠᠨ᠎ᠠ᠃ 
       — ᠵᠠᠩᠴᠤᠪ ᠠᠬ᠎ᠠ ᠲᠠ ᠡᠵᠢ ᠲᠡᠢ ᠮᠢᠨᠢ ᠠᠭᠤᠯᠵᠠᠭᠰᠠᠨ ᠶᠤᠮ ᠤᠤ? 
       — ᠬᠡᠩ᠂ ᠠᠭᠤᠯᠵᠠᠭᠰᠠᠨ ᠤᠤ ᠭᠡᠨ᠎ᠡ? ᠠᠭᠤᠯᠵᠠᠬᠤ ᠪᠠᠷ ᠵᠣᠭᠰᠣᠨ᠎ᠠ ᠤᠤ? ᠪᠢ ᠬᠣᠪᠢᠯᠴᠡᠴᠡᠭ ᠡᠵᠢ ᠲᠡᠢ ᠪᠦᠬᠦᠯᠢ ᠨᠠᠢ᠍ᠮᠠᠨ ᠵᠢᠯ ᠨᠢᠭᠡ ᠭᠡᠷ ᠲᠦ᠍ ᠠᠮᠢᠳᠤᠷᠠᠭᠰᠠᠨ ᠰᠢᠦ! ᠳᠣᠯᠣᠭ᠎ᠠ ᠨᠠᠢ᠍ᠮᠠᠨ ᠵᠢᠯ ᠡᠵᠢ ᠪᠢᠳᠡ ᠬᠣᠶᠠᠷ ᠣᠷᠣᠬᠤ ᠭᠡᠷ ᠦᠭᠡᠢ᠂ ᠣᠭᠣᠴᠢᠬᠤ ᠠᠶᠠᠭ᠎ᠠ ᠦᠭᠡᠢ ᠡᠨᠳᠡ ᠲᠡᠨᠳᠡ ᠲᠡᠨᠦᠵᠦ ᠦᠢᠯᠡ ᠪᠡᠨ ᠦᠵᠡᠯ᠎ᠡ᠁ ᠭᠡᠵᠦ ᠶᠠᠷᠢᠭᠰᠠᠨ ᠳ᠋ᠤ᠌ ᠠᠩᠴᠢᠨᠵᠠᠪ ᠲᠡᠭᠦᠨ ᠦ᠌ ᠴᠠᠭᠠᠰᠢ ᠶᠠᠭᠤ ᠶᠠᠷᠢᠬᠤ ᠶ᠋ᠢ ᠰᠣᠨᠣᠰᠬᠤ ᠰᠠᠨᠠᠭ᠎ᠠ ᠦᠭᠡᠢ ᠡᠵᠢ ᠲᠡᠢ ᠪᠡᠨ ᠲᠦᠷᠭᠡᠬᠡᠨ ᠠᠭᠤᠯᠵᠠᠬᠤ ᠶ᠋ᠢ ᠬᠦᠰᠡᠭᠰᠡᠨ ᠳ᠋ᠡᠭᠡᠨ ᠵᠠᠩᠴᠤᠪ ᠢ᠋ ᠬᠦᠵᠦᠭᠦᠳᠡᠨ ᠲᠡᠪᠡᠷᠢᠭᠡᠳ᠄ 
       — ᠵᠠᠩᠴᠤᠪ ᠠᠬ᠎ᠠ ᠠ᠋᠂ ᠮᠢᠨᠦ ᠰᠠᠢᠨ ᠠᠬ᠎ᠠ᠂ ᠡᠵᠢ ᠮᠢᠨᠢ ᠣᠳᠣ ᠬᠠᠮᠢᠭ᠎ᠠ ᠪᠠᠢᠨ᠎ᠠ? ᠭᠡᠯ᠎ᠡ᠃ 
       — ᠵᠠ᠂ ᠮᠢᠨᠦ ᠳᠡᠭᠦᠦ ᠣᠷᠣᠨ ᠳ᠋ᠠᠭᠠᠨ ᠰᠠᠭᠤ! ᠪᠤᠤᠰᠠ ᠢᠳᠡ! ᠬᠠᠯᠠᠭᠤᠨ ᠳᠡᠭᠡᠷ᠎ᠡ ᠨᠢ ᠢᠳᠡᠭᠡᠴᠢ! ᠡᠵᠢ ᠰᠠᠢᠨ ᠯᠠ ᠪᠠᠢᠨ᠎ᠠ! ᠭᠡᠳ ᠬᠠᠯᠠᠭᠤᠬᠠᠨ ᠪᠤᠤᠰᠠ ᠠ᠋ᠴᠠ ᠠᠪᠴᠤ ᠥᠭᠬᠦ ᠳ᠋ᠦ᠍ ᠠᠩᠴᠢᠨᠵᠠᠪ᠄ 
       — ᠦᠭᠡᠢ᠂ ᠪᠢ ᠢᠳᠡᠬᠦ ᠦᠭᠡᠢ᠃ ᠪᠢ ᠡᠵᠢ ᠶ᠋ᠢᠨ ᠢ᠋ᠶ᠋ᠡᠨ ᠬᠠᠮᠢᠭ᠎ᠠ ᠪᠠᠢᠬᠤ ᠰᠤᠷᠠᠭ ᠢ᠋ ᠯᠡ ᠰᠣᠨᠣᠰᠤᠮᠠᠷ ᠪᠠᠢᠨ᠎ᠠ᠃ 
       — ᠡᠵᠢ ᠮᠢᠨᠢ ᠭᠡᠷ ᠡᠴᠡ ᠭᠠᠷᠴᠤ ᠶᠠᠪᠤᠭᠠᠳ ᠰᠠᠷ᠎ᠠ ᠪᠣᠯᠵᠤ ᠪᠠᠢᠨ᠎ᠠ᠃ 
       — ᠶᠠᠭᠠᠬᠢᠭᠠᠳ? ᠬᠠᠮᠢᠭᠠᠰᠢ ᠶᠠᠪᠤᠴᠢᠬᠠᠪᠠ? 
       — ᠡᠵᠢ ᠴᠣᠬᠣᠮ ᠶᠠᠭᠠᠬᠢᠭᠠᠳ᠂ ᠬᠠᠮᠢᠭ᠎ᠠ ᠶᠠᠪᠤᠭᠰᠠᠨ ᠢ᠋ ᠪᠢ ᠴᠦ᠍ ᠭᠠᠢᠬᠠᠵᠤ ᠪᠠᠢᠨ᠎ᠠ᠃ ᠭᠠᠵᠠᠷ ᠨᠢᠳᠦᠲᠡᠢ ᠦᠯᠵᠡᠢᠰᠠᠩ ᠨᠠᠮᠠᠶ᠋ᠢ ᠡᠵᠡᠭᠦᠢ ᠳ᠋ᠦ᠍ ᠬᠠᠷ᠎ᠠ ᠴᠡᠷᠢᠭ ᠳᠠᠭᠠᠭᠤᠯᠵᠤ ᠢᠷᠡᠨ ᠮᠠᠭᠤ ᠭᠡᠷ ᠢ᠋ ᠮᠢᠨᠢ ᠪᠤᠰᠠᠨᠢᠭᠤᠯᠵᠤ᠂ ᠶᠠᠭᠤᠮ᠎ᠠ ᠬᠡᠦᠮ᠎ᠡ ᠶ᠋ᠢ ᠴᠥᠯᠪᠡᠭᠰᠡᠨ ᠢ᠋ ᠬᠡᠯᠡᠬᠦ ᠦᠭᠡᠢ᠂ ᠡᠵᠢ ᠶ᠋ᠢᠨ ᠰᠡᠭᠦᠵᠢ ᠶ᠋ᠢ ᠨᠢ ᠭᠡᠮᠲᠦᠭᠡᠪᠡ᠃ ᠮᠡᠷᠭᠡᠨ ᠴᠠᠭᠠᠨ ᠯᠠᠮᠠᠬᠠᠢ ᠠ᠋ᠴᠠ ᠳᠣᠯᠣᠭᠠᠨ ᠪᠣᠭᠣᠯᠲᠠ ᠡᠮ ᠠᠪᠴᠢᠷᠠᠵᠤ ᠤᠤᠭᠤᠯᠭᠠᠭᠠᠳ ᠰᠡᠪ ᠦᠭᠡᠢ ᠡᠳᠡᠭᠡᠭᠰᠡᠨ ᠶᠦᠮ᠃ ᠪᠣᠳᠣᠬᠤ ᠳ᠋ᠤ᠌ ᠪᠡᠶ᠎ᠡ ᠨᠢ ᠲᠡᠩᠬᠡᠷᠡᠵᠦ ᠨᠤᠲᠤᠭ ᠥᠭᠡᠷᠡᠯᠬᠡᠨ ᠬᠦᠦ ᠪᠡᠨ ᠦᠭᠡᠢᠯᠡᠭᠰᠡᠨ ᠡᠴᠡ ᠴᠦ᠍ ᠪᠣᠯᠪᠠ ᠤᠤ? ᠨᠢᠭᠡ ᠡᠳᠦᠷ ᠨᠠᠮᠠᠶ᠋ᠢ ᠠᠩ ᠳ᠋ᠤ᠌ ᠶᠠᠪᠤᠭᠠᠳ ᠢᠷᠡᠬᠦ ᠳ᠋ᠦ᠍ ᠶᠠᠪᠤᠴᠢᠬᠠᠭᠰᠠᠨ ᠪᠠᠢᠯ᠎ᠠ᠃ 
       — ᠡᠨᠡᠷᠢᠯ ᠦᠭᠡᠢ ᠡᠨᠡ ᠬᠣᠷᠸ᠎ᠠ ᠶ᠋ᠢᠨ ᠡᠷᠢᠶᠡᠨ ᠲᠡᠢ ᠪᠠᠷᠠᠭᠠᠨ ᠲᠠᠢ ᠬᠠᠲᠠᠭᠤ ᠲᠣᠭᠯᠠᠭᠠᠮ ᠳ᠋ᠤ᠌ ᠳᠠᠩᠴᠤ ᠨᠢᠭᠡ ᠶᠠᠳᠠᠷᠠᠵᠢ ᠳᠠ ᠁ ᠡᠬᠡ ᠬᠦᠦ ᠬᠣᠶᠠᠭᠤᠯᠠ ᠡᠨᠡ ᠬᠠᠨ ᠮᠤᠨᠠ ᠶ᠋ᠢᠨ ᠡᠪᠦᠷ ᠲᠦ᠍ ᠪᠠᠭᠲᠠᠵᠤ ᠶᠠᠪᠤᠵᠤ ᠯᠠ ᠪᠠᠢᠵᠠᠢ᠃ ᠡᠵᠢ ᠶ᠋ᠢ ᠪᠡᠨ ᠡᠨᠡ ᠭᠦᠨ ᠠᠭᠤᠯᠠᠨ ᠳ᠋ᠤ᠌ ᠠᠬ᠎ᠠ ᠲᠠᠨ ᠲᠠᠢ ᠬᠠᠮᠲᠤ ᠠᠮᠢᠳᠤᠷᠠᠵᠤ ᠪᠠᠢᠭᠰᠠᠨ ᠭᠡᠬᠦ ᠶ᠋ᠢ ᠶᠢᠰᠦᠨ ᠵᠡᠭᠦᠳᠦᠨ ᠳ᠋ᠡᠭᠡᠨ ᠵᠡᠭᠦᠳᠦᠯᠡᠭᠡ ᠦᠭᠡᠢ᠃ ᠠᠢ ᠳᠠ᠂ ᠬᠥᠭᠡᠷᠦᠬᠦᠢ ᠡᠵᠢ ᠮᠢᠨᠢ! ᠭᠡᠳ ᠠᠩᠴᠢᠨᠵᠠᠪ ᠤᠷᠲᠤ ᠭᠡᠭᠴᠢ ᠰᠡᠭᠦᠷᠡᠰᠦ ᠠᠯᠳᠠᠪᠠ᠃ 
       — ᠡᠵᠢ ᠶ᠋ᠢ ᠶᠠᠪᠤᠭᠰᠠᠨ ᠠ᠋ᠴᠠ ᠬᠣᠢᠰᠢ ᠪᠢ ᠪᠠᠬᠠᠨ ᠰᠤᠷᠠᠭ ᠲᠠᠯᠪᠢᠯ᠎ᠠ᠃ ᠰᠤᠷᠠᠭ ᠭᠠᠷᠤᠭᠰᠠᠨ ᠦᠭᠡᠢ᠃ ᠶᠠᠭᠠᠬᠢᠬᠤ ᠴᠤ᠌ ᠠᠷᠭ᠎ᠠ ᠠᠯᠠᠭ᠎ᠠ᠃ ᠳᠡᠭᠦᠦ ᠮᠢᠨᠢ ᠰᠡᠳᠬᠢᠯ ᠢ᠋ᠶ᠋ᠡᠨ ᠪᠠᠷᠢᠵᠤ ᠦᠵᠡ! ᠡᠵᠢ ᠨᠢᠭᠡ ᠭᠠᠵᠠᠷ ᠮᠡᠨᠳᠦ ᠪᠠᠢᠭ᠎ᠠ ᠪᠢᠵᠡ ᠭᠡᠵᠦ ᠵᠠᠩᠴᠤᠪ ᠠᠩᠴᠢᠨᠵᠠᠪ ᠤ᠋ᠨ ᠰᠡᠳᠬᠢᠯ ᠢ᠋ ᠵᠠᠰᠠᠵᠤ ᠬᠡᠯᠡᠪᠡ᠃ 
       — ᠬᠥᠮᠦᠨ ᠭᠡᠭᠴᠢ ᠶᠡᠷᠦ ᠨᠢ ᠲᠡᠪᠴᠢᠶᠡᠷᠢ ᠦᠭᠡᠢ ᠠᠮᠢᠲᠠᠨ ᠶᠤᠮ ᠠ᠋! ᠬᠣᠯᠠ ᠶ᠋ᠢᠨ ᠭᠣᠷᠢᠳᠠᠯ ᠢ᠋ ᠲᠡᠪᠴᠢᠵᠦ ᠴᠢᠳᠠᠳᠠᠭ ᠴᠤ᠌ ᠬᠣᠷᠣᠮᠬᠠᠨ ᠵᠠᠭᠤᠷ᠎ᠠ ᠶ᠋ᠢᠨ ᠬᠦᠰᠡᠯ ᠳ᠋ᠦ᠍ ᠲᠡᠪᠴᠢᠶᠡᠷᠢ ᠠᠯᠳᠠᠳᠠᠭ ᠶᠤᠮ ᠪᠠᠢᠨ᠎ᠠ᠃ 
       — ᠵᠠ᠂ ᠶᠠᠭᠠᠬᠢᠬᠤ ᠪᠣᠢ! ᠢᠷᠣᠭᠠᠷ ᠲᠠᠢ ᠳ᠋ᠠᠭᠠᠨ ᠲᠣᠭᠲᠠᠵᠤ᠂ ᠢᠷᠦᠭᠡᠯ ᠲᠡᠢ ᠳ᠋ᠡᠭᠡᠨ ᠤᠴᠠᠷᠠᠨ᠎ᠠ ᠭᠡᠳᠡᠭ᠃ ᠪᠢ ᠡᠵᠢ ᠶ᠋ᠢᠨ ᠬᠣᠢᠨ᠎ᠠ ᠠ᠋ᠴᠠ ᠭᠣᠪᠢ ᠣᠷᠣᠵᠤ ᠭᠡᠷ ᠦ᠋ᠨ ᠴᠢᠨᠢ ᠪᠠᠭᠤᠷᠢ ᠪᠠᠷ ᠴᠦ᠍ ᠡᠷᠭᠢᠯ᠎ᠡ᠃ ᠡᠵᠢ ᠨᠤᠲᠤᠭ ᠲᠠᠭᠠᠨ ᠪᠤᠴᠠᠭᠰᠠᠨ ᠦᠭᠡᠢ᠃ ᠮᠡᠨᠳᠦ ᠪᠠᠢᠪᠠᠯ ᠠᠭᠤᠯᠵᠠᠬᠤ ᠶᠤᠮ ᠪᠠᠢᠯᠭᠦᠢ ᠳᠡ!᠁ ᠠᠩᠴᠢᠨᠵᠠᠪ ᠮᠢᠨᠢ! 
       — ᠠᠢ ᠳᠠ᠂ ᠲᠡᠭᠡᠭᠡᠳ ᠴᠣᠬᠣᠮ ᠬᠠᠮᠢᠭᠠᠰᠢ ᠪᠠᠨ ᠶᠠᠪᠤᠭᠰᠠᠨ ᠶᠤᠮ ᠪᠣᠯ⁈ ᠨᠤᠲᠤᠭ ᠲᠠᠭᠠᠨ ᠴᠤ᠌ ᠶᠤᠮ ᠤᠤ? ᠡᠨᠡ ᠠᠭᠤᠯᠠᠨ ᠤ᠋ ᠣᠪᠣᠬᠠᠢ ᠪᠣᠷᠣ ᠭᠡᠷ ᠲᠡᠭᠡᠨ ᠬᠣᠷᠭᠣᠳᠠᠵᠤ ᠯᠠ ᠪᠠᠢᠶ᠎ᠠ ᠳᠠ! 
       — ᠳᠡᠭᠡᠯ ᠦᠭᠡᠢ ᠶᠠᠭᠠᠬᠢᠬᠤ ᠪᠣᠢ⁈ ᠤᠴᠢᠷ ᠶᠠᠪᠤᠳᠠᠯ ᠭᠡᠭᠴᠢ ᠴᠠᠭᠠᠨ᠎ᠠ ᠠ᠋ᠴᠠ ᠪᠠᠨ ᠨᠢᠭᠡ ᠰᠣᠨᠢᠨ ᠶᠤᠮ ᠠ᠋! ᠲᠡᠷᠡ ᠤᠳᠠᠭ᠎ᠠ ᠪᠢ ᠬᠡᠦᠬᠡᠳ ᠪᠦᠰᠡᠭᠦᠢ ᠶ᠋ᠢᠨ ᠰᠤᠷᠠᠭ ᠴᠢᠮᠡᠭᠡ ᠶ᠋ᠢ ᠭᠠᠷᠭᠠᠬᠤ ᠭᠡᠵᠦ ᠮᠡᠷᠭᠡᠨ ᠴᠠᠭᠠᠨ ᠯᠠᠮᠠᠬᠠᠢ ᠪᠠᠷ ᠲᠥᠯᠭᠡᠳᠡᠭᠦᠯᠵᠦ ᠰᠠᠢᠨ ᠴᠢᠮᠡᠭᠡ ᠠᠪᠴᠤ ᠲᠡᠨᠦᠵᠦ ᠲᠡᠨᠦᠵᠦ ᠡᠨᠳᠡ ᠬᠦᠷᠦᠭᠡᠳ ᠢᠷᠡᠴᠢᠬᠡᠬᠦ ᠦᠭᠡᠢ ᠤᠤ⁈ ᠪᠯᠠᠮᠤ ᠲᠠᠢ ᠠᠭᠤᠯᠵᠠᠯ᠎ᠠ᠁ ᠪᠠᠶᠠᠷᠯᠠᠬᠤ᠂ ᠤᠶᠠᠷᠠᠬᠤ ᠰᠡᠳᠬᠢᠯ ᠦ᠋ᠨ ᠠᠴᠢᠶ᠎ᠠ ᠪᠠᠨ ᠲᠡᠩᠨᠡᠭᠦᠬᠡᠨ ᠠᠪᠴᠤ ᠬᠠᠷᠢᠭᠰᠠᠨ ᠴᠢᠨᠢ ᠪᠠᠢᠨ᠎ᠠ ᠤᠤ! ᠭᠠᠷ ᠵᠠᠭᠤᠷ᠎ᠠ ᠬᠡᠷᠡᠭᠯᠡᠭᠰᠡᠨ ᠶᠠᠭᠤᠮ᠎ᠠ ᠬᠡᠦᠮ᠎ᠡ ᠪᠡᠨ ᠲᠢᠭᠯᠡᠵᠦ ᠠᠪᠤᠭᠠᠳ ᠶᠠᠪᠤᠴᠢᠬᠠᠵᠠᠢ᠁ ᠲᠡᠷᠡ ᠠᠭᠱᠠᠨ ᠳ᠋ᠤ᠌ ᠡᠵᠢ ᠶᠠᠭ ᠯᠠ ᠪᠤᠷᠬᠠᠨ ᠨᠢᠳᠦ ᠲᠡᠢ ᠶᠦᠮ ᠰᠢᠭ ᠨᠠᠮᠠᠶ᠋ᠢ ᠪᠯᠠᠮᠤ ᠲᠠᠢ ᠠᠭᠤᠯᠵᠠᠭᠰᠠᠨ ᠢ᠋ ᠴᠠᠭᠠᠨ᠎ᠠ ᠠ᠋ᠴᠠ ᠪᠠᠨ ᠮᠡᠳᠡᠵᠦ《ᠵᠠ᠂ ᠣᠳᠣ ᠡᠷ᠎ᠡ ᠡᠮ᠎ᠡ ᠬᠣᠶᠠᠭᠤᠯᠠ ᠪᠠᠨ ᠵᠢᠷᠭᠠᠵᠤ ᠰᠠᠭᠤᠭ ᠳᠠ! ᠬᠥᠭᠰᠢᠨ ᠪᠢ ᠯᠠᠨᠴᠢᠭ ᠪᠣᠯᠬᠤ ᠪᠠᠨ ᠪᠠᠢᠶ᠎ᠠ᠁》 ᠭᠡᠰᠡᠨ ᠮᠡᠲᠦ ᠨᠠᠳᠠ ᠰᠣᠨᠢᠬᠠᠨ ᠰᠠᠨᠠᠭᠳᠠᠭᠰᠠᠨ ᠢ᠋ ᠶᠠᠭᠠᠬᠢᠨ᠎ᠠ⁈ ᠲᠡᠭᠡᠭᠡᠳ ᠲᠡᠷᠡ ᠳᠣᠣᠷ᠎ᠠ ᠪᠠᠨ ᠮᠠᠭᠤ ᠠᠬ᠎ᠠ ᠴᠢᠨᠢ ᠰᠠᠨᠳᠤᠷᠴᠤ ᠵᠣᠪᠠᠨᠢᠭᠰᠠᠨ ᠢ᠋ ᠶᠠᠭᠤ ᠭᠡᠬᠦ ᠪᠣᠢ⁈ ᠡᠵᠢ ᠶ᠋ᠢᠨ ᠬᠣᠢᠨ᠎ᠠ ᠠ᠋ᠴᠠ ᠮᠥᠷᠳᠡᠵᠦ᠂ ᠰᠤᠷᠠᠭᠯᠠᠵᠤ ᠶᠠᠪᠤᠯ᠎ᠠ᠃ ᠠᠷᠭ᠎ᠠ ᠶᠠᠳᠠᠬᠤ ᠳ᠋ᠠᠭᠠᠨ ᠪᠢ ᠣᠷᠪᠤᠤ ᠯᠠᠮᠠᠬᠠᠢ ᠭᠡᠭᠴᠢ ᠭᠦᠮᠪᠦᠮ ᠬᠡᠢᠳ ᠲᠦ᠍ ᠪᠢᠰᠢᠯᠭᠠᠯ ᠳ᠋ᠤ᠌ ᠰᠠᠭᠤᠵᠤ ᠴᠣᠢᠷᠣ᠎ᠠ ᠶ᠋ᠢᠨ ᠮᠡᠷᠭᠡ ᠳ᠋ᠦ᠍ ᠴᠠᠭᠠᠷᠠᠭᠰᠠᠨ ᠨᠣᠮ ᠰᠤᠳᠤᠷ ᠲᠤ ᠰᠠᠢᠨ᠂ ᠰᠦᠷᠡᠬᠡᠢ ᠮᠡᠷᠭᠡᠴᠢ ᠯᠠᠮᠠᠬᠠᠢ ᠭᠡᠳᠡᠭ ᠢ᠋ ᠰᠣᠨᠣᠰᠤᠭᠠᠳ《ᠱᠠᠵᠢᠨ ᠪᠠᠳᠠᠷᠠᠭᠤᠯᠤᠭᠴᠢ ᠰᠦᠮ᠎ᠡ》 ᠳ᠋ᠦ᠍ ᠣᠴᠢᠵᠤ ᠣᠷᠪᠤᠤ ᠯᠠᠮᠠᠬᠠᠢ ᠪᠠᠷ ᠲᠥᠯᠭᠡ ᠬᠠᠶᠠᠭᠤᠯᠵᠤ ᠦᠵᠡᠪᠡ᠃ ᠭᠡᠷ ᠲᠦ᠋ᠨᠢ ᠣᠷᠣᠬᠤ ᠳ᠋ᠤ᠌ ᠣᠷᠬᠢᠮᠵᠢ ᠨᠥᠮᠥᠷᠦᠭᠰᠡᠨ ᠱᠠᠯᠳᠠᠩ ᠲᠣᠯᠣᠭᠠᠢ ᠲᠠᠢ ᠲᠠᠪᠢ ᠳᠠᠪᠠᠮ᠎ᠠ ᠨᠠᠰᠤᠨ ᠤ᠋ ᠯᠠᠮᠠᠬᠠᠢ ᠣᠪᠣᠷ ᠲᠣᠪᠣᠷ ᠨᠣᠮ ᠤᠩᠰᠢᠵᠤ ᠠᠳᠠᠭ ᠨᠢ ᠬᠠᠵᠠᠭᠤ ᠶ᠋ᠢᠨ ᠬᠥᠮᠦᠨ ᠢ᠋ ᠬᠠᠷᠠᠬᠤ ᠦᠭᠡᠢ ᠮᠠᠰᠢ ᠬᠡᠭᠵᠡᠭᠦᠨ ᠴᠢᠷᠠᠢᠲᠠᠢ ᠬᠠᠷᠠᠭᠳᠠᠪᠠ᠃ ᠰᠢᠩᠭᠡᠨ ᠰᠢᠷ᠎ᠠ ᠬᠥᠮᠥᠰᠬᠡ ᠲᠡᠢ᠂ ᠤᠷᠤᠭᠤᠯ ᠬᠠᠯᠵᠠᠨ ᠪᠣᠯᠪᠠᠴᠤ ᠳᠡᠭᠡᠳᠦ ᠤᠷᠤᠭᠤᠯ ᠢ᠋ᠶ᠋ᠠᠨ ᠳᠠᠪᠠᠭᠰᠠᠨ ᠵᠤᠵᠠᠭᠠᠪᠲᠤᠷ᠂ ᠳᠣᠣᠷᠠᠲᠤ ᠤᠷᠤᠭᠤᠯ ᠤ᠋ᠨ ᠢ᠋ᠶ᠋ᠠᠨ ᠬᠥᠮᠥᠭ ᠲᠦ᠍ ᠮᠡᠩᠭᠡᠨ ᠳ᠋ᠦ᠍ ᠰᠡᠷᠪᠡᠢᠭᠰᠡᠨ ᠮᠡᠲᠦ ᠲᠠᠪᠤ ᠭᠤᠷᠪᠠᠬᠠᠨ ᠪᠣᠯᠪᠠᠴᠤ ᠤᠷᠲᠤ ᠰᠢᠷ᠎ᠠ ᠰᠠᠬᠠᠯ ᠲᠠᠢ ᠶ᠋ᠢ ᠨᠢ ᠬᠠᠷᠠᠭᠠᠳ ᠢᠨᠢᠶᠡᠳᠦ ᠠᠯᠳᠠᠴᠢᠬᠠᠬᠤ ᠰᠢᠬᠠᠪᠠ᠃ ᠢᠨᠢᠶᠡᠳᠦ ᠪᠡᠨ ᠪᠠᠷᠢᠬᠤ ᠭᠡᠵᠦ ᠬᠥᠮᠤᠬᠡᠢᠯᠡᠭᠰᠡᠨ ᠪᠣᠯᠪᠠᠴᠤ ᠲᠡᠰᠦᠭᠰᠡᠨ ᠦᠭᠡᠢ《ᠡᠭᠡᠭ!》 ᠭᠡᠰᠡᠨ ᠢᠨᠢᠶᠡᠳᠦ ᠴᠦ᠍ ᠪᠢᠰᠢ ᠬᠠᠨᠢᠶᠠᠳᠤ ᠴᠤ᠌ ᠪᠢᠰᠢ ᠰᠣᠨᠢᠬᠠᠨ ᠳᠠᠭᠤ ᠭᠠᠷᠭᠠᠭᠰᠠᠨ ᠳ᠋ᠠᠭᠠᠨ ᠰᠠᠨᠳᠤᠷᠴᠤ ᠡᠪᠦᠷ ᠡᠴᠡ ᠪᠡᠨ ᠵᠢᠵᠢᠭ ᠪᠣᠳᠣᠩ ᠲᠠᠢ ᠵᠤᠯᠠ ᠶ᠋ᠢᠨ ᠰᠢᠷ᠎ᠠ ᠲᠣᠰᠣ ᠭᠠᠷᠭᠠᠵᠤ ᠪᠤᠷᠬᠠᠨ ᠤ᠋ ᠬᠢᠨᠢ ᠡᠮᠦᠨ᠎ᠡ ᠠᠪᠠᠴᠢᠵᠤ ᠨᠢᠮᠪᠠᠢᠬᠠᠨ ᠲᠠᠯᠪᠢᠭᠰᠠᠨ ᠳ᠋ᠤ᠌ ᠣᠷᠪᠣᠣ ᠯᠠᠮᠠᠬᠠᠢ᠄ 
       — ᠶᠠᠭᠤᠨ ᠳ᠋ᠤ᠌ ᠢᠨᠢᠶᠡᠳᠦ ᠠᠯᠳᠠᠪᠠ? ᠭᠡᠪᠡ᠃ 
       — ᠦᠭᠡᠢ ᠠ᠋᠂ ᠪᠠᠭᠰᠢ ᠠ᠋! ᠪᠢ ᠢᠨᠢᠶᠡᠳᠦ ᠠᠯᠳᠠᠭᠰᠠᠨ ᠦᠭᠡᠢ᠃ 
       — ᠴᠢᠭᠢᠶᠡᠲᠦᠷᠦᠦ᠂ ᠶᠠᠭᠤᠨ ᠳ᠋ᠤ᠌ ᠢᠷᠡᠪᠡ?  
       — ᠪᠢ ᠨᠠᠰᠤᠲᠠᠢ ᠡᠵᠢ ᠳ᠋ᠡᠭᠡᠨ ᠲᠥᠯᠭᠡ ᠬᠠᠶᠠᠭᠤᠯᠤᠶ᠎ᠠ ᠭᠡᠰᠡᠨ ᠶᠦᠮ᠃  
       — ᠶᠠᠭᠠᠬᠢᠪᠠ? 
       — ᠭᠡᠷ ᠡᠴᠡ ᠭᠠᠷᠴᠤ ᠶᠠᠪᠤᠭᠠᠳ ᠰᠤᠷᠠᠭ ᠲᠠᠰᠤᠷᠠᠴᠢᠬᠠᠯ᠎ᠠ᠃ ᠴᠣᠬᠣᠮ ᠶᠠᠭᠠᠬᠢᠭᠰᠠᠨ ᠶᠤᠮ ᠪᠣᠯ⁈ 
       — ᠮᠢᠩᠭᠠᠨᠪᠣᠣ ᠶ᠋ᠢᠨ ᠬᠠᠨᠢᠯᠠᠭᠰᠠᠨ ᠪᠦᠰᠡᠭᠦᠢ ᠪᠠ ᠳᠠ? ᠭᠡᠵᠦ ᠠᠰ ᠲᠦᠰ ᠶᠠᠭᠤᠮ᠎ᠠ ᠶᠠᠷᠢᠭᠰᠠᠨ ᠳ᠋ᠤ᠌ ᠪᠢ ᠰᠠᠨᠳᠤᠷᠴᠤ᠄ 
       — ᠪᠢᠰᠢ᠂ ᠪᠢᠰᠢ ᠭᠡᠯ᠎ᠡ᠃ 
       — ᠬᠣᠪᠢᠯᠴᠡᠴᠡᠭ ᠪᠢᠰᠢ ᠤᠤ? 
       — ᠮᠥᠨ᠂ ᠮᠥᠨ᠃ 
       — ᠲᠡᠢᠮᠦ ᠪᠣᠯ ᠲᠥᠯᠭᠡ ᠬᠠᠶᠠᠵᠤ ᠴᠠᠭ ᠭᠠᠷᠤᠵᠠᠳᠠᠭᠤᠯᠬᠤ ᠪᠠᠨ ᠪᠣᠯᠢ! ᠴᠠᠭᠠᠳᠤᠬᠢ ᠴᠢᠨᠢ ᠪᠠᠷᠠᠭᠤᠨᠰᠢᠯᠠᠭᠰᠠᠨ! 
       —᠁  
       — ᠬᠣᠪᠢᠯᠴᠡᠴᠡᠭ᠂ ᠮᠢᠩᠭᠠᠨᠪᠣᠣ ᠲᠤᠰᠠᠯᠠᠭᠴᠢ ᠶ᠋ᠢᠨ ᠴᠦᠯᠡᠯᠭᠡᠨ ᠳ᠋ᠦ᠍ ᠶᠠᠪᠤᠭᠰᠠᠨ ᠢ᠋ ᠰᠣᠨᠣᠰᠤᠭᠠᠳ ᠭᠦᠮᠪᠦᠮ ᠳ᠋ᠦ᠍ ᠮᠥᠷᠭᠥᠵᠦ ᠳᠠᠭᠠᠳᠬᠠᠯ ᠬᠢᠬᠦ ᠶᠤᠮᠰᠠᠨ ᠭᠡᠵᠦ ᠨᠠᠳᠠ ᠠ᠋ᠴᠠ ᠵᠠᠮ ᠵᠢᠭᠠᠯᠭᠠᠵᠤ ᠠᠪᠤᠭᠠᠳ ᠶᠠᠪᠤᠭᠰᠠᠨ᠁ ᠪᠢ ᠭᠦᠮᠪᠦᠮ ᠬᠡᠢᠳ ᠦ᠋ᠨ ᠠᠯᠲᠠᠨ ᠳᠡᠭᠡᠪᠦᠷᠲᠦ ᠶᠡᠬᠡ ᠳᠤᠭᠠᠩ ᠤ᠋ᠨ ᠲᠥᠪᠳᠡᠨᠨᠢᠮ᠎ᠠ ᠤᠮᠵᠠᠳ ᠢ᠋ ᠬᠡᠯᠡᠵᠦ ᠶᠠᠪᠤᠭᠤᠯᠤᠭᠰᠠᠨ ᠶᠤᠮ! ᠵᠠᠮ ᠳ᠋ᠠᠭᠠᠨ ᠰᠠᠭᠠᠳ ᠦᠭᠡᠢ ᠰᠠᠢᠬᠠᠨ ᠶᠠᠪᠤᠭᠰᠠᠨ ᠪᠠᠢᠬ᠎ᠠ! ᠣᠳᠣ ᠬᠦᠷᠬᠦ ᠠᠶᠠᠳᠴᠤ ᠪᠣᠢ᠁ ᠭᠡᠵᠡᠢ᠃  
       ᠠᠩᠴᠢᠨᠵᠠᠪ᠂ ᠵᠠᠩᠴᠤᠪ ᠤ᠋ᠨ ᠳᠣᠮᠣᠭ ᠰᠢᠤᠬᠠᠨ ᠲᠣᠭᠠᠴᠢᠭᠰᠠᠨ ᠢ᠋ ᠠᠩᠬᠠᠷᠤᠨ ᠰᠣᠨᠣᠰᠴᠤ ᠰᠠᠭᠤᠬᠤ ᠳ᠋ᠤ᠌ ᠨᠢᠳᠦᠨ ᠳ᠋ᠦ᠍ᠨᠢ ᠵᠠᠢᠷ ᠴᠡᠢᠯᠡᠭᠡᠨᠡᠵᠦ ᠳᠣᠲᠣᠷ᠎ᠠ ᠪᠠᠨ《ᠵᠠᠩᠴᠤᠪ᠂ ᠦᠭᠡᠢ ᠠ᠋᠂ ᠪᠠᠶᠠᠷᠲᠤ ᠠᠬ᠎ᠠ ᠦᠨᠡᠬᠡᠷ ᠬᠥᠮᠦᠨ ᠮᠥᠰᠥ ᠰᠠᠢᠲᠠᠢ ᠰᠠᠢᠨ ᠬᠥᠮᠦᠨ᠂ ᠰᠠᠢᠨ ᠴᠦ᠍ ᠡᠷ᠎ᠡ ᠶᠦᠮ ᠠ᠋ ᠬᠥᠭᠡᠷᠦᠬᠦᠢ! ᠨᠠᠰᠤᠲᠠᠢ ᠪᠤᠭᠤᠷᠤᠯ ᠡᠵᠢ ᠶ᠋ᠢ ᠮᠢᠨᠢ ᠲᠥᠷᠥᠭᠰᠡᠨ ᠡᠵᠢ ᠰᠢᠭ ᠢ᠋ᠶ᠋ᠡᠨ ᠬᠦᠨᠳᠦᠯᠡᠵᠦ᠂ ᠠᠰᠠᠷᠠᠵᠤ ᠶᠠᠪᠤᠭᠰᠠᠨ ᠠᠴᠢ ᠶ᠋ᠢ ᠴᠢᠨᠢ ᠶᠠᠭᠠᠬᠢᠵᠤ ᠬᠠᠷᠢᠭᠤᠯᠠᠬᠤ ᠪᠢᠯᠡ⁈》 ᠭᠡᠵᠦ ᠰᠡᠳᠬᠢᠯ ᠢᠬᠲᠥᠯᠤᠨ ᠪᠣᠰᠴᠤ ᠵᠣᠭᠰᠣᠨ ᠠᠷᠢᠬᠢ ᠬᠤᠨᠳᠠᠭᠠᠯᠠᠬᠤ ᠭᠡᠵᠦ ᠵᠢᠵᠢᠭ ᠪᠣᠳᠣᠩ ᠢ᠋ ᠲᠣᠩᠭᠤᠢᠯᠠᠭᠠᠭᠰᠠᠨ ᠳ᠋ᠤ᠌ ᠬᠣᠭᠣᠰᠣᠷᠠᠭᠰᠠᠨ ᠪᠠᠢᠪᠠ᠃  
       — ᠡᠵᠡᠨ ᠢ᠋ᠶ᠋ᠡᠨ ᠠᠯᠲᠠ! ᠥᠨᠥᠬᠢ ᠴᠢᠨᠢ ᠤᠷᠤᠭᠤᠯ ᠨᠢ ᠳᠣᠷᠣᠭᠰᠢ ᠪᠠᠨ ᠢᠷᠣᠭᠠᠷ ᠨᠢ ᠳᠡᠭᠡᠭᠰᠢ ᠪᠡᠨ ᠬᠠᠷᠠᠴᠢᠬᠠᠵᠠᠢ! ᠳᠠᠯᠢᠩ ᠤ᠋ᠨ ᠢᠷᠣᠭᠠᠷ ᠲᠠᠬᠢ ᠭᠠᠭᠴᠠᠬᠠᠨ ᠪᠣᠳᠣᠩ ᠶᠠᠭᠤᠮ᠎ᠠ ᠪᠠᠨ ᠪᠢᠳᠡ ᠬᠣᠶᠠᠷ ᠭᠠᠮᠨᠠᠵᠤ ᠤᠤᠭᠤᠬᠤ ᠪᠠᠨ ᠶᠠᠭᠠᠬᠢᠭᠰᠠᠨ ᠪᠣᠢ? ᠭᠡᠳ ᠠᠷᠭ᠎ᠠ ᠨᠢ ᠪᠠᠷᠠᠭᠳᠠᠭᠰᠠᠨ ᠳ᠋ᠤ᠌ ᠪᠯᠠᠮᠤ ᠰᠠᠨᠳᠤᠷᠴᠤ ᠴᠠᠭᠠᠳᠤ ᠬᠡᠷᠡᠮ ᠦ᠋ᠨ ᠢᠷᠣᠭᠠᠷ ᠲᠠᠬᠢ ᠭᠦᠵᠡᠭᠡ ᠲᠡᠢ ᠰᠠᠭᠠᠯᠢ ᠶ᠋ᠢᠨ ᠨᠡᠷᠡᠮᠡᠯ ᠢ᠋ᠶ᠋ᠡᠨ ᠭᠠᠷᠭᠠᠵᠤ᠄ 
       — ᠵᠠ᠂ ᠮᠠᠢ! ᠰᠤᠯᠠᠪᠲᠤᠷ ᠪᠣᠯᠪᠠᠴᠤ ᠰᠠᠭᠠᠯᠢ ᠶ᠋ᠢᠨ ᠳᠡᠭᠡᠵᠢ ᠰᠠᠷᠬᠤᠳ ᠶᠤᠮ ᠰᠢᠦ! ᠲᠠ ᠨᠠᠷ ᠡᠭᠦᠨ ᠢ᠋ ᠤᠤᠭᠤ! ᠭᠡᠪᠡ᠃ 
       ᠠᠩᠴᠢᠨᠵᠠᠪ ᠰᠠᠭᠠᠯᠢ ᠶ᠋ᠢᠨ ᠨᠡᠷᠡᠮᠡᠯ ᠡᠴᠡ ᠮᠥᠩᠭᠥᠨ ᠴᠥᠭᠦᠴᠡᠨ ᠳ᠋ᠦ᠍ ᠮᠡᠯᠮᠡᠯᠵᠡᠲᠡᠯ᠎ᠡ ᠳᠦᠭᠦᠷᠭᠡᠭᠡᠳ ᠵᠠᠩᠴᠤᠫ ᠪᠯᠠᠮᠤ ᠬᠣᠶᠠᠷ ᠢ᠋ ᠬᠣᠢᠮᠣᠷ ᠰᠠᠭᠤᠯᠭᠠᠵᠤ᠄ 
       — ᠪᠠᠶᠠᠷᠲᠤ ᠠᠬ᠎ᠠ ᠪᠡᠶ᠎ᠡ ᠰᠡᠳᠬᠢᠯ ᠢ᠋ ᠶᠡᠬᠡᠳᠡ ᠴᠢᠯᠡᠭᠡᠵᠦ᠂ ᠨᠠᠰᠤᠲᠠᠢ ᠪᠤᠭᠤᠷᠤᠯ ᠡᠵᠢ ᠶ᠋ᠢ ᠮᠢᠨᠢ ᠡᠳᠦᠢᠴᠢᠨᠡᠭᠡᠨ ᠵᠢᠯ ᠬᠠᠷᠠᠭᠠᠯᠵᠠᠵᠤ ᠳᠣᠳᠣᠮᠳᠠᠵᠤ ᠶᠠᠪᠤᠭᠰᠠᠨ ᠳ᠋ᠤ᠌ ᠤᠬᠠᠭᠠᠨ ᠦᠭᠡᠢ ᠮᠠᠭᠤ ᠳᠡᠭᠦᠦ ᠶ᠋ᠢᠨ ᠴᠢᠨᠢ ᠰᠡᠳᠬᠢᠯ ᠥᠨᠳᠥᠷ ᠪᠠᠢᠨ᠎ᠠ᠃ ᠪᠢ ᠠᠬ᠎ᠠ ᠶ᠋ᠢᠨ ᠰᠠᠢᠨ ᠢ᠋ ᠮᠠᠷᠲᠠᠵᠤ ᠴᠢᠳᠠᠬᠤ ᠦᠭᠡᠢ ᠠ᠋! ᠮᠠᠭᠤ ᠳᠡᠭᠦᠦ ᠴᠢᠨᠢ ᠠᠴᠢᠲᠤ ᠠᠬ᠎ᠠ ᠳ᠋ᠠᠭᠠᠨ ᠽᠠᠮᠪᠤᠲᠢᠪ ᠲᠤ ᠭᠠᠭᠴᠠᠬᠠᠨ ᠪᠠᠢᠳᠠᠭ ᠽᠠᠨᠳᠠᠨ ᠮᠣᠳᠣᠨ ᠤ᠋ ᠵᠢᠮᠢᠰ ᠢ᠋ ᠪᠡᠯᠡᠭᠯᠡᠯ᠎ᠡ ᠴᠦ᠍ ᠭᠡᠰᠡᠨ ᠪᠡᠯᠡᠭ ᠬᠣᠮᠰᠠᠳᠠᠬᠤ ᠰᠢᠭ᠋ ᠶᠦᠮ ᠠ᠋! ᠬᠡᠯᠡᠬᠦ ᠡᠴᠡ ᠮᠠᠭᠤ ᠠᠩᠴᠢᠨᠵᠠᠪ ᠳᠡᠭᠦᠦ ᠴᠢᠨᠢ ᠠᠮᠢᠳᠤᠷᠠᠯ ᠤ᠋ᠨ ᠪᠡᠷᠬᠡ ᠳ᠋ᠦ᠍ ᠲᠤᠯᠭᠠᠭᠳᠠᠵᠤ ᠶᠠᠪᠤᠭᠠᠳ ᠪᠯᠠᠮᠥ ᠡᠭᠡᠴᠢ ᠲᠡᠢ ᠠᠮᠢᠳᠤᠷᠠᠯ ᠢ᠋ᠶ᠋ᠠᠨ ᠬᠣᠯᠪᠣᠭᠰᠠᠨ ᠨᠢ ᠦᠨᠡᠨ ᠠ᠋! ᠢᠩᠭᠢᠵᠦ ᠡᠭᠦᠳᠡ ᠡᠷᠦᠬᠡ ᠶ᠋ᠢ ᠨᠢ ᠳᠡᠭᠡᠭᠰᠢ ᠲᠠᠲᠠᠯ᠎ᠠ ᠭᠡᠬᠦ ᠡᠴᠡ ᠠᠬ᠎ᠠ ᠳ᠋ᠠᠭᠠᠨ ᠪᠢ ᠨᠠᠰᠤᠨ ᠤ᠋ ᠭᠡᠮᠰᠢᠭᠦᠯᠡᠩ ᠦ᠋ᠨ ᠭᠠᠰᠢᠭᠤᠨ ᠦᠷ᠎ᠡ ᠶ᠋ᠢ ᠳᠠᠷᠢᠴᠢᠬᠠᠪᠠ ᠤᠤ ᠳᠠ᠁ ᠰᠠᠢᠨ ᠰᠠᠢᠬᠠᠨ ᠠᠬ᠎ᠠ ᠳᠡᠭᠦᠦ ᠨᠢᠭᠡ ᠨᠢᠭᠡᠨ ᠦ᠌ ᠪᠡᠨ ᠭᠠᠨᠵᠤᠭ᠎ᠠ ᠶ᠋ᠢ ᠪᠠᠭᠤᠯᠭᠠᠳᠠᠭ ᠦᠭᠡᠢ ᠭᠡᠳᠡᠭ ᠰᠢᠦ ᠳᠡ! ᠲᠡᠭᠡᠬᠦ ᠳ᠋ᠦ᠍᠂ ᠮᠠᠭᠤ ᠳᠡᠭᠦᠦ ᠴᠢᠨᠢ ᠬᠠᠷᠢᠨ᠁ ᠦᠭᠡᠢ ᠠᠬ᠎ᠠ ᠠ᠋ ᠡᠨᠡ ᠬᠣᠷᠸ᠎ᠠ ᠳ᠋ᠤ᠌ ᠭᠡᠮᠰᠢᠭᠦᠯᠡᠩ ᠦ᠋ᠨ ᠶᠠᠯ᠎ᠠ ᠶ᠋ᠢ ᠴᠠᠭᠠᠳᠬᠠᠬᠤ ᠡᠷᠳᠡᠨᠢ ᠶ᠋ᠢᠨ ᠵᠢᠮᠢᠰ ᠪᠠᠢᠳᠠᠭ ᠰᠠᠨ ᠪᠣᠯ ᠲᠡᠷᠡ ᠨᠢ ᠬᠡᠳᠦᠢ ᠭᠠᠰᠢᠭᠤᠨ ᠠᠪᠠᠴᠤ ᠪᠢ ᠳᠤᠷᠠᠲᠠᠢ ᠢᠳᠡᠨᠡᠮ! ᠠᠯᠢ ᠡᠰᠡᠪᠡᠰᠦ ᠠᠬ᠎ᠠ ᠶ᠋ᠢᠨ ᠰᠡᠳᠬᠢᠯ ᠦ᠋ᠨ ᠪᠤᠷᠲᠠᠭ ᠢ᠋ ᠤᠬᠢᠶᠠᠨ ᠠᠷᠢᠭᠤᠳᠬᠠᠬᠤ ᠡᠷᠳᠡᠨᠢ ᠶ᠋ᠢᠨ ᠷᠠᠰᠢᠶᠠᠨ ᠪᠠᠢᠳᠠᠭ ᠪᠣᠯ ᠮᠠᠭᠤ ᠳᠡᠭᠦᠦ ᠴᠢᠨᠢ ᠭᠠᠯᠪᠠ ᠶ᠋ᠢᠨ ᠢᠷᠣᠭᠠᠷ ᠲᠤ ᠪᠠᠢᠭᠰᠠᠨ ᠴᠦ᠍ ᠣᠯᠵᠤ ᠢᠷᠡᠨᠡᠮ! ᠰᠦᠨ ᠴᠠᠭᠠᠨ ᠰᠡᠳᠬᠢᠯ ᠢ᠋ ᠮᠢᠨᠢ ᠲᠣᠰᠴᠤ ᠠᠪᠤᠨ ᠠᠭᠤᠵᠢᠮ ᠪᠣᠳᠣᠯ ᠳ᠋ᠠᠭᠠᠨ ᠪᠠᠭᠲᠠᠭᠠᠨ ᠠᠪᠤᠭᠠᠴᠢ᠂ ᠪᠠᠶᠠᠷᠲᠤ ᠠᠬ᠎ᠠ ᠮᠢᠨᠢ! ᠭᠡᠳ ᠰᠥᠬᠥᠷᠡᠨ ᠮᠥᠷᠭᠥᠪᠡ᠃ 
       ᠵᠠᠩᠴᠤᠪ᠂ ᠠᠩᠴᠢᠨᠵᠠᠪ ᠤ᠋ᠨ ᠪᠠᠷᠢᠭᠰᠠᠨ ᠨᠡᠷᠡᠮᠡᠯ ᠢ᠋ ᠨᠢᠭᠡ ᠯᠡ ᠬᠥᠨᠲᠥᠷᠴᠦ ᠣᠷᠬᠢᠨ᠄ 
       — ᠦᠭᠡᠢ ᠠ᠋᠂ ᠮᠢᠨᠦ ᠳᠡᠭᠦᠦ ᠪᠣᠰ! ᠪᠣᠰ! ᠭᠡᠳ ᠡᠷᠭᠦᠬᠦ ᠳ᠋ᠦ᠍ ᠠᠩᠴᠢᠨᠵᠠᠪ ᠤ᠋ᠨ ᠨᠢᠳᠦᠨ ᠡᠴᠡ ᠮᠥᠩᠭᠥᠨ ᠵᠣᠭᠣᠰ ᠰᠢᠭ᠋ ᠲᠣᠮᠣ ᠲᠣᠮᠣ ᠨᠢᠯᠪᠤᠰᠤᠨ ᠳᠤᠰᠤᠯ ᠡᠪᠦᠳᠦᠭ ᠳᠡᠭᠡᠷ᠎ᠡ ᠨᠢ ᠴᠢᠪ ᠴᠢᠪ ᠳᠤᠰᠤᠯᠠᠨ᠎ᠠ᠃ 
       ᠡᠷ᠎ᠡ ᠬᠥᠮᠦᠨ ᠦ᠌ ᠨᠢᠯᠪᠤᠰᠤ ᠡᠯᠢᠭᠡ ᠤᠷᠤᠭᠤ ᠪᠠᠨ ᠤᠷᠤᠰᠳᠠᠭ ᠭᠡᠳᠡᠭ ᠢ᠋ᠶ᠋ᠡᠷ ᠨᠢᠯᠪᠤᠰᠤ ᠤᠨᠠᠭᠠᠬᠤ ᠶ᠋ᠢ ᠮᠡᠳᠡᠳᠡᠭ ᠦᠭᠡᠢ ᠡᠨᠡ ᠬᠠᠲᠠᠭᠤ ᠡᠷ᠎ᠡ ᠶ᠋ᠢᠨ ᠰᠡᠳᠬᠢᠯ ᠤᠶᠠᠷᠠᠵᠤ᠂ ᠡᠯᠢᠭᠡ ᠨᠢ ᠡᠮᠲᠡᠷᠡᠬᠦ ᠳ᠋ᠡᠭᠡᠨ ᠭᠠᠳᠠᠭᠰᠢ ᠪᠠᠨ ᠨᠢᠯᠪᠤᠰᠤ ᠢᠪᠢᠯᠦᠨ ᠤᠬᠢᠯᠠᠬᠤ ᠶ᠋ᠢ ᠬᠠᠷᠠᠭᠰᠠᠨ ᠪᠯᠠᠮᠤ ᠠᠯᠢ ᠬᠡᠳᠦᠢᠨ ᠨᠢᠳᠦ ᠨᠢ ᠴᠢᠭᠢᠭᠲᠦᠵᠦ ᠪᠠᠢᠭᠰᠠᠨ ᠢ᠋ᠶ᠋ᠠᠨ ᠰᠡᠳᠬᠢᠯ ᠢ᠋ᠶ᠋ᠡᠨ ᠬᠣᠷᠢᠵᠤ ᠡᠰᠡ ᠲᠠᠢᠯᠤᠨ ᠱᠣᠭᠰᠢᠷᠠᠨ ᠤᠬᠢᠯᠠᠪᠠ᠃ 
       — ᠡᠷ᠎ᠡ ᠬᠥᠮᠦᠨ ᠡᠷ᠎ᠡ ᠬᠥᠮᠦᠨ ᠳ᠋ᠡᠭᠡᠨ ᠬᠠᠢᠷᠠᠲᠠᠢ ᠪᠠᠢᠳᠠᠭ᠃ ᠡᠷ᠎ᠡ ᠬᠥᠮᠦᠨ ᠦ᠌ ᠴᠡᠭᠡᠵᠢᠨ ᠳ᠋ᠦ᠍ ᠡᠮᠡᠭᠡᠯ ᠬᠠᠵᠠᠭᠠᠷ ᠲᠠᠢ ᠮᠣᠷᠢ ᠡᠷᠭᠢᠨ᠎ᠡ ᠭᠡᠳᠡᠭ ᠦᠭᠡᠢ ᠪᠢᠯᠡ ᠤᠤ⁈ ᠠᠯᠢ ᠮᠠᠭᠤ ᠶ᠋ᠢᠨ ᠢᠷᠣ᠎ᠠ ᠶ᠋ᠢ ᠠᠬ᠎ᠠ ᠳ᠋ᠠᠭᠠᠨ ᠲᠣᠬᠣᠵᠤ ᠪᠣᠳᠣ! ᠮᠠᠭᠤ ᠠᠬ᠎ᠠ ᠴᠢᠨᠢ ᠲᠣᠭᠣᠵᠤ ᠲᠠᠨᠢᠭᠰᠠᠨ ᠳᠡᠭᠦᠦ ᠲᠡᠢ ᠳ᠋ᠡᠭᠡᠨ ᠣᠮᠣᠭᠰᠢᠳᠠᠭ᠃ ᠳᠡᠭᠦᠦ ᠲᠡᠢ ᠬᠥᠮᠦᠨ ᠳᠥᠷᠥᠭᠡ ᠢᠰᠬᠦᠯᠦᠨ᠎ᠡ ᠭᠡᠳᠡᠭ ᠢ᠋ᠶ᠋ᠡᠷ ᠪᠢ ᠳᠡᠭᠦᠦ ᠶ᠋ᠢᠨ ᠢ᠋ᠶ᠋ᠡᠨ ᠬᠡᠰᠢᠭ ᠪᠤᠶᠠᠨ ᠳ᠋ᠤ᠌ ᠵᠢᠷᠭᠠᠯ ᠴᠠᠯᠭᠢᠲᠠᠯ᠎ᠠ ᠶᠠᠪᠤᠨ᠎ᠠ ᠳᠠ! ᠠᠮᠢᠳᠤᠷᠠᠯ ᠤ᠋ᠨ ᠪᠡᠷᠬᠡ ᠬᠢᠩᠭ᠎ᠠ ᠳ᠋ᠤ᠌ ᠳᠠᠰᠤᠯᠴᠠᠭᠰᠠᠨ ᠢ᠋ᠶ᠋ᠠᠷ ᠢ᠋ᠶ᠋ᠠᠨ ᠲᠠ ᠬᠣᠶᠠᠭᠤᠯᠠ ᠮᠥᠨ ᠢᠩᠭᠢᠭᠡᠳ ᠳᠡᠷ᠎ᠡ ᠬᠣᠰᠢᠭᠤ ᠬᠣᠯᠪᠣᠭᠠᠳ ᠰᠠᠭᠤ! ᠠᠬ᠎ᠠ ᠨᠢ ᠠᠭᠤᠯᠠ ᠶ᠋ᠢᠨ ᠥᠨᠥᠴᠢᠨ ᠣᠭᠣᠯᠢ ᠰᠢᠭ᠋ ᠭᠠᠭᠴᠠᠭᠠᠷ ᠢ᠋ᠶ᠋ᠠᠨ ᠲᠡᠨᠦᠭᠰᠡᠭᠡᠷ ᠪᠠᠢᠵᠤ ᠵᠣᠵᠢᠭ ᠪᠣᠯᠴᠢᠬᠠᠵᠠᠢ! ᠭᠡᠵᠦ ᠬᠡᠯᠡᠬᠦ ᠵᠠᠩᠴᠤᠪ ᠤ᠋ᠨ ᠬᠣᠭᠣᠯᠠᠢ ᠶ᠋ᠢᠨ ᠥᠩᠭᠡ ᠨᠢ ᠬᠤᠪᠢᠷᠠᠵᠤ ᠪᠠᠢᠪᠠ᠃ 
       — ᠪᠠᠶᠠᠷᠲᠤ ᠠᠬ᠎ᠠ ᠲᠠ ᠣᠳᠣ ᠮᠢᠨᠦ ᠬᠡᠯᠡᠬᠦ ᠶ᠋ᠢ ᠰᠣᠨᠣᠰᠴᠤ ᠪᠣᠯᠤᠨ᠎ᠠ ᠪᠢᠵᠡ! ᠪᠢ ᠠᠷᠢᠬᠢ ᠬᠡᠮᠨᠡᠵᠦ ᠪᠠᠢᠨ᠎ᠠ ᠰᠢᠦ! ᠭᠡᠳ ᠨᠢᠭᠡ ᠴᠥᠭᠥᠴᠡ ᠴᠠᠯᠭᠢᠯᠠᠲᠠᠯ᠎ᠠ ᠭᠡᠮᠨᠡ ᠪᠯᠠᠮᠤ ᠶ᠋ᠢᠨ ᠵᠦᠭ᠄ 
       — ᠣᠳᠣ ᠠ᠋ᠴᠠ ᠡᠬᠢᠯᠡᠵᠦ ᠪᠢ ᠲᠠᠨ ᠢ᠋ ᠪᠡᠷᠭᠡᠨ ᠭᠡᠵᠦ ᠬᠦᠨᠳᠦᠯᠡᠶ᠎ᠡ! ᠮᠢᠨᠦ ᠬᠡᠯᠡᠭᠰᠡᠨ ᠵᠥᠪ ᠭᠡᠵᠦ ᠰᠠᠨᠠᠪᠠᠯ ᠡᠨᠡ ᠭᠡᠮ ᠠᠷᠢᠬᠢ ᠶ᠋ᠢ ᠲᠣᠭᠲᠠᠭᠠᠴᠢᠬ᠎ᠠ! ᠭᠡᠪᠡ᠃  
       ᠪᠯᠠᠮᠤ ᠶᠠᠭᠤ ᠴᠦ᠍ ᠬᠡᠯᠡᠵᠦ ᠴᠢᠳᠠᠭᠰᠠᠨ ᠦᠭᠡᠢ ᠴᠥᠭᠥᠴᠡ ᠲᠡᠢ ᠠᠷᠢᠬᠢ ᠶ᠋ᠢ ᠤᠤᠭᠤᠴᠢᠬᠠᠭᠠᠳ ᠪᠠᠰᠠ ᠯᠠ ᠮᠡᠭᠰᠢᠪᠡ᠁ 
       — ᠠᠭᠤᠯᠠ ᠶ᠋ᠢᠨ ᠰᠡᠭᠦᠳᠡᠷ ᠡᠷᠭᠢᠴᠢᠬᠡᠯ᠎ᠡ᠃ ᠣᠳᠣ ᠪᠢ ᠶᠠᠪᠤᠯ᠎ᠠ ᠭᠡᠳ ᠠᠩᠴᠢᠨᠵᠠᠪ ᠳᠠᠯᠢᠩ ᠢ᠋ᠶ᠋ᠠᠨ ᠰᠢᠭᠦᠷᠡᠨ ᠪᠣᠰᠤᠭᠰᠠᠨ ᠳ᠋ᠤ᠌ ᠵᠠᠩᠴᠤᠪ ᠪᠯᠠᠮᠤ ᠬᠣᠶᠠᠷ ᠰᠠᠨᠳᠤᠷᠴᠤ ᠵᠡᠷᠭᠡ ᠪᠡᠷ᠄ 
       — ᠠᠩᠴᠢᠨᠵᠠᠪ ᠠ᠋! ᠶᠠᠭᠠᠬᠢᠬᠤ ᠭᠡᠵᠦ ᠪᠠᠢᠭ᠎ᠠ ᠴᠢᠨᠢ ᠡᠨᠡ ᠪᠣᠢ? ᠬᠠᠮᠢᠭ᠎ᠠ ᠶᠠᠪᠤᠬᠤ ᠪᠣᠢ ᠡᠢᠮᠦ ᠣᠷᠣᠢ? ᠭᠡᠰᠡᠨ ᠳ᠋ᠦ᠍ ᠠᠩᠴᠢᠨᠵᠠᠪ᠄   
       — ᠦᠭᠡᠢ᠂ ᠪᠢ ᠣᠳᠣ ᠶᠠᠪᠤᠬᠤ ᠦᠭᠡᠢ ᠪᠣᠯᠬᠤ ᠦᠭᠡᠢ᠁ ᠭᠡᠯ᠎ᠡ᠃  
       — ᠵᠠᠪᠠᠯ ᠶᠠᠪᠤᠬᠤ ᠭᠡᠪᠡᠯ ᠶᠠᠪᠤᠳᠠᠭ ᠨᠢ ᠪᠢ ᠶᠦᠮ ᠰᠢᠦ! ᠭᠡᠳ ᠵᠠᠩᠴᠤᠪ ᠴᠤ᠌ ᠶᠠᠪᠤᠬᠤ ᠪᠠᠷ ᠪᠣᠰᠪᠠ᠃ 
       — ᠦᠭᠡᠢ ᠠ᠋᠂ ᠲᠠ ᠬᠣᠶᠠᠷ ᠴᠢᠨᠢ ᠰᠡᠪ ᠰᠠᠢᠬᠠᠨ ᠪᠠᠢᠵᠤ ᠪᠠᠢᠭᠠᠳ ᠭᠡᠨᠡᠳᠲᠡ ᠶᠠᠭᠠᠬᠢᠴᠢᠬᠠᠪᠠ? ᠠᠷᠢᠬᠢᠨ ᠤ᠋ ᠬᠠᠯᠠᠭᠤᠨ ᠳ᠋ᠤ᠌ ᠰᠠᠭᠭᠠᠵᠤ ᠪᠠᠢᠭ᠎ᠠ ᠨᠢ ᠡᠨᠡ ᠤᠤ? ᠭᠡᠵᠦ ᠪᠯᠠᠮᠤ ᠬᠡᠨ ᠠᠯᠢᠨ ᠠ᠋ᠴᠠ ᠨᠢ ᠰᠠᠯᠵᠤ ᠲᠦᠪᠳᠡᠬᠦ ᠦᠭᠡᠢ ᠳ᠋ᠡᠭᠡᠨ ᠨᠥᠭᠦᠭᠡ ᠬᠣᠶᠠᠷ ᠢ᠋ᠶ᠋ᠠᠨ ᠶᠠᠪᠤᠴᠢᠬᠠᠬᠤ ᠠ᠋ᠴᠠ ᠡᠮᠢᠶᠡᠵᠦ ᠡᠭᠦᠳᠡ ᠬᠣᠷᠢᠵᠤ ᠵᠣᠭᠰᠣᠪᠠ᠃  
       — ᠪᠠᠶᠠᠷᠲᠤ ᠠᠬ᠎ᠠ᠂ ᠪᠯᠠᠮᠤ ᠪᠡᠷᠭᠡᠨ ᠠ᠋! ᠲᠠ ᠬᠣᠶᠠᠷ ᠮᠢᠨᠦ ᠬᠡᠯᠡᠬᠦ ᠶ᠋ᠢ ᠰᠣᠨᠣᠰ! ᠭᠡᠵᠦ ᠲᠡᠳᠡ ᠬᠣᠶᠠᠷ ᠢ᠋ ᠳᠣᠲᠣᠭᠰᠢ ᠰᠠᠭᠤᠯᠭᠠᠪᠠ᠃ 
       —  ᠁   
       ᠵᠠᠩᠴᠤᠪ ᠪᠯᠠᠮᠤ ᠬᠣᠶᠠᠷ ᠨᠢᠭᠡ ᠨᠢᠭᠡᠨ ᠢ᠋ᠶ᠋ᠡᠨ ᠬᠠᠷᠠᠨ᠎ᠠ᠃ 
       — ᠠᠬ᠎ᠠ ᠪᠡᠷᠭᠡᠨ ᠮᠢᠨᠢ ᠠᠮᠤᠷ ᠲᠠᠢᠪᠤᠩ ᠰᠠᠭᠤᠵᠤ ᠪᠠᠢ! ᠳᠡᠭᠦᠦ ᠨᠢ ᠣᠳᠣ ᠶᠠᠪᠤᠬᠤ ᠦᠭᠡᠢ ᠪᠣᠯᠬᠤ ᠦᠭᠡᠢ ᠰᠢᠦ! 
       — ᠡᠢᠮᠦ ᠬᠠᠷᠠᠩᠭᠤᠢ ᠳ᠋ᠤ᠌ ᠬᠠᠮᠢᠭ᠎ᠠ ᠶᠠᠪᠤᠨ᠎ᠠ ᠭᠡᠵᠦ ᠪᠠᠢᠬᠤ ᠶᠤᠮ? ᠭᠡᠵᠦ ᠪᠯᠠᠮᠤ ᠰᠠᠨᠳᠤᠷᠤᠭᠰᠠᠨ ᠳ᠋ᠤ᠌ ᠵᠠᠩᠴᠤᠪ᠄ 
       — ᠬᠠᠷᠢᠨ ᠭᠡᠮ! ᠭᠡᠯ᠎ᠡ᠃ 
       — ᠪᠢ ᠨᠠᠰᠤᠲᠠᠢ ᠡᠵᠢ ᠶ᠋ᠢᠨ ᠢ᠋ᠶ᠋ᠡᠨ ᠬᠣᠢᠨ᠎ᠠ ᠠ᠋ᠴᠠ ᠶᠠᠪᠤᠨ᠎ᠠ᠃ 
       — ᠲᠡᠭᠡᠪᠡᠴᠦ ᠮᠠᠷᠭᠠᠲᠤᠷ ᠡᠷᠲᠡ᠁ ᠡᠨᠡ ᠬᠠᠷᠠᠩᠭᠤᠢ ᠳ᠋ᠤ᠌᠁  
       — ᠦᠭᠡᠢ ᠠ᠋᠂ ᠡᠨᠡ ᠰᠠᠮᠠᠭᠤᠨ ᠤ᠋ ᠴᠠᠭ ᠬᠠᠷᠠᠩᠭᠤᠢ ᠳ᠋ᠤ᠌ ᠶᠠᠪᠤᠬᠤ ᠨᠢ ᠠᠮᠤᠷ ᠲᠦᠪᠰᠢᠨ ᠭᠡᠰᠡᠨ ᠳ᠋ᠦ᠍ ᠵᠠᠩᠴᠤᠪ᠄ 
       — ᠡᠵᠢ ᠶ᠋ᠢᠨ ᠬᠣᠢᠨ᠎ᠠ ᠠ᠋ᠴᠠ ᠶᠠᠪᠤᠬᠤ ᠭᠡᠪᠡᠯ ᠠᠬ᠎ᠠ ᠳᠡᠭᠦᠦ ᠬᠣᠶᠠᠭᠤᠯᠠ ᠪᠠᠨ ᠶᠠᠪᠤᠶ᠎ᠠ ᠭᠡᠰᠡᠨ ᠳ᠋ᠦ᠍ ᠠᠩᠴᠢᠨᠵᠠᠪ᠄ 
       — ᠡᠨᠡ ᠦᠭᠡᠨ ᠳ᠋ᠦ᠍ ᠴᠢᠨᠢ ᠪᠠᠶᠠᠷᠯᠠᠯ᠎ᠠ ᠁ ᠪᠠᠶᠠᠷᠲᠤ ᠠᠬ᠎ᠠ ᠪᠯᠠᠮᠤ ᠪᠡᠷᠭᠡᠨ ᠢ᠋ ᠰᠠᠢᠲᠤᠷ ᠬᠠᠷᠠᠭᠠᠯᠵᠠᠵᠤ ᠠᠮᠤᠷ ᠰᠠᠢᠬᠠᠨ ᠠᠮᠢᠳᠤᠷᠠᠭᠠᠷᠠᠢ! ᠣᠳᠣ ᠡᠨᠳᠡ ᠲᠡᠨᠳᠡ ᠶᠠᠪᠤᠵᠤ ᠬᠡᠷᠡᠭ ᠦᠭᠡᠢ᠃ ᠶᠠᠪᠤᠳᠠᠯ ᠤᠴᠢᠷ ᠨᠢᠭᠡᠨᠲᠡ ᠡᠢᠮᠦ ᠯᠡ ᠪᠣᠯᠴᠢᠬᠠᠭᠰᠠᠨ ᠤ᠋ ᠬᠤᠪᠢ ᠳ᠋ᠤ᠌ ᠪᠢᠳᠡ ᠬᠡᠦᠬᠡᠳ ᠦ᠋ᠨ ᠰᠠᠢᠨ ᠢ᠋ ᠯᠡ ᠦᠵᠡᠵᠦ ᠶᠠᠪᠤᠵᠠᠭᠠᠶ᠎ᠠ ᠁ ᠭᠡᠪᠡ᠃  
       — ᠦᠭᠡᠢ ᠠ᠋᠂ ᠪᠢ ᠴᠦ᠍ ᠡᠨᠳᠡ ᠡᠴᠡ ᠶᠠᠪᠤᠮᠠᠷ ᠪᠠᠢᠨ᠎ᠠ ᠁ ᠡᠵᠢ ᠶ᠋ᠢᠨ ᠬᠣᠢᠨ᠎ᠠ ᠠ᠋ᠴᠠ ᠁ ᠮᠢᠨᠦ ᠳᠡᠭᠦᠦ ᠡᠳᠦᠢᠴᠢᠨᠡᠭᠡᠨ ᠵᠢᠯ ᠭᠡᠷ ᠡᠷᠦᠬᠡ ᠶ᠋ᠢ ᠮᠢᠨᠢ ᠳᠣᠳᠣᠮᠳᠠᠵᠤ ᠶᠠᠪᠤᠭᠰᠠᠨ ᠤ᠋ ᠰᠠᠢᠨ ᠢ᠋ᠶ᠋ᠠᠷ ᠪᠯᠠᠮᠤ ᠁ ᠬᠣᠶᠠᠷ ᠬᠦᠦ ᠮᠢᠨᠢ ᠴᠦ᠍ ᠡᠷ᠎ᠡ ᠶ᠋ᠢᠨ ᠵᠡᠷᠭᠡ ᠳ᠋ᠦ᠍ ᠬᠦᠷᠴᠢᠬᠡᠯ᠎ᠡ ᠁ ᠲᠡᠭᠡᠬᠦ ᠳ᠋ᠦ᠍ ᠪᠢ ᠁ ᠡᠵᠢ ᠶ᠋ᠢ ᠡᠰᠡᠨ ᠮᠡᠨᠳᠦ ᠴᠢᠮ᠎ᠠ ᠲᠠᠢ ᠪᠠᠨ ᠠᠭᠤᠯᠵᠠᠭᠤᠯᠤᠭᠰᠠᠨ ᠪᠣᠯ ᠁ ᠭᠡᠵᠦ ᠬᠣᠭᠣᠯᠠᠢ ᠨᠢ ᠴᠡᠴᠡᠷᠡᠭᠰᠡᠨ ᠳ᠋ᠦ᠍ ᠠᠩᠴᠢᠨᠵᠠᠪ ᠵᠠᠩᠴᠤᠪ ᠢ᠋ ᠲᠡᠪᠡᠷᠢᠵᠦ᠄ 
       — ᠪᠠᠶᠠᠷᠲᠤ ᠠᠬ᠎ᠠ ᠠ᠋᠂ ᠡᠨᠡ ᠤᠳᠠᠭ᠎ᠠ ᠳᠡᠭᠦᠦ ᠶ᠋ᠢᠨ ᠢ᠋ᠶ᠋ᠡᠨ ᠦᠭᠡ ᠶ᠋ᠢ ᠨᠢᠭᠡ ᠰᠣᠨᠣᠰᠴᠢᠬ᠎ᠠ! ᠡᠵᠢ ᠶ᠋ᠢᠨ ᠬᠤᠪᠢ ᠳ᠋ᠤ᠌ ᠪᠣᠯ ᠣᠳᠣ ᠲᠠ ᠰᠠᠨᠠᠭ᠎ᠠ ᠠᠮᠤᠷ ᠪᠠᠢ᠂ ᠪᠤᠷᠬᠠᠨ ᠪᠦᠷᠢᠯᠸ᠎ᠠ ᠶ᠋ᠢᠨ ᠣᠷᠣᠨ ᠭᠦᠮᠪᠦᠮ ᠳ᠋ᠦ᠍ ᠣᠴᠢᠵᠤ ᠪᠤᠷᠬᠠᠨ ᠳ᠋ᠤ᠌ ᠳᠠᠭᠠᠳᠬᠠᠬᠤ ᠪᠠᠷ ᠶᠠᠪᠤᠭᠰᠠᠨ ᠶᠤᠮ ᠴᠢᠨᠢ ᠡᠩᠬᠡ ᠠᠮᠤᠷ ᠯᠠ ᠪᠠᠢᠯᠭᠦᠢ! ᠪᠢ ᠣᠳᠣ ᠤᠷᠢᠳ ᠢ᠋ᠶ᠋ᠠᠷ ᠰᠡᠷᠭᠦᠮ᠎ᠡ ᠲᠡᠢ ᠠᠭᠤᠯᠵᠠᠬᠤ ᠪᠠᠷ ᠶᠠᠪᠤᠨ᠎ᠠ᠃ ᠠᠩᠬᠠᠨ ᠤ᠋ ᠢᠨᠠᠭ ᠤ᠋ᠨ ᠭᠠᠯ ᠢ᠋ ᠨᠣᠴᠣᠭᠠᠵᠤ ᠬᠠᠶᠠᠭᠰᠠᠨ ᠰᠡᠷᠭᠦᠮ᠎ᠡ ᠪᠡᠨ ᠠᠪᠴᠤ ᠡᠵᠢ ᠳᠡᠭᠡᠷ᠎ᠡ ᠪᠡᠨ ᠣᠴᠢᠨ᠎ᠠ ᠁ ᠭᠡᠰᠡᠨ ᠳ᠋ᠦ᠍ ᠵᠠᠩᠴᠤᠪ᠄ 
       — ᠶᠠᠭ ᠳᠠ! ᠠᠮᠢᠳᠤᠷᠠᠯ ᠤ᠋ᠨ ᠬᠠᠲᠠᠭᠤ ᠲᠣᠭᠯᠠᠭᠠᠮ ᠳ᠋ᠤ᠌ ᠴᠢ ᠪᠢᠳᠡ ᠬᠣᠶᠠᠷ ᠡᠪᠦᠳᠦᠭ ᠨᠤᠭᠤᠷᠠᠵᠤ ᠵᠠᠮ ᠲᠥᠭᠡᠷᠢᠬᠦ ᠦᠭᠡᠢ᠃ ᠮᠢᠨᠦ ᠳᠡᠭᠦᠦ! ᠴᠢ ᠵᠣᠷᠢᠭ ᠰᠢᠭᠤᠳᠴᠢᠬᠠᠭᠰᠠᠨ ᠶᠤᠮ ᠪᠣᠯ ᠲᠡᠭᠡᠭᠡᠳ ᠵᠠᠮ ᠳ᠋ᠠᠭᠠᠨ ᠰᠠᠢᠨ ᠶᠠᠪᠤᠭᠠᠷᠠᠢ! ᠭᠡᠳ ᠠᠩᠴᠢᠨᠵᠠᠪ ᠢ᠋ ᠵᠠᠩᠴᠤᠪ ᠲᠡᠪᠡᠷᠢᠵᠦ ᠪᠠᠷᠠᠭᠤᠨ ᠬᠠᠴᠠᠷ ᠢ᠋ ᠨᠢ ᠦᠨᠦᠰᠦᠭᠰᠡᠨ ᠳ᠋ᠦ᠍ ᠠᠩᠴᠢᠨᠵᠠᠪ ᠵᠠᠩᠴᠤᠪ ᠤ᠋ᠨ ᠵᠡᠭᠦᠨ ᠬᠠᠴᠠᠷ ᠢ᠋ ᠦᠨᠦᠰᠴᠦ《ᠪᠠᠶᠠᠷᠲᠠᠢ ᠠᠭᠤᠯᠵᠠᠬᠤ ᠪᠡᠯᠭᠡ ᠦᠯᠡᠳᠡᠭᠡᠵᠦ ᠪᠤᠴᠠᠯᠭᠠᠨ ᠳ᠋ᠠᠭᠠᠨ ᠪᠠᠷᠠᠭᠤᠨ ᠬᠠᠴᠠᠷ ᠢ᠋ ᠴᠢᠨᠢ ᠦᠨᠦᠰᠦᠶ᠎ᠡ!》 ᠭᠡᠵᠦ ᠬᠣᠶᠠᠷ ᠰᠠᠢᠨ ᠡᠷ᠎ᠡ ᠤᠳᠠᠲᠠᠯ᠎ᠠ ᠲᠡᠪᠡᠷᠢᠯᠴᠡᠪᠡ᠃ 
       ᠵᠠᠩᠴᠤᠪ ᠠᠩᠴᠢᠨᠵᠠᠪ ᠬᠣᠶᠠᠷ ᠤ᠋ᠨ ᠡᠢᠨ ᠬᠦ᠌ ᠲᠡᠪᠡᠷᠢᠯᠴᠡᠨ ᠦᠨᠦᠰᠦᠯᠴᠡᠵᠦ ᠰᠠᠯᠤᠯᠴᠠᠬᠤ ᠶ᠋ᠢ ᠬᠠᠷᠠᠭᠰᠠᠨ ᠪᠯᠠᠮᠤ ᠶ᠋ᠢᠨ ᠰᠡᠳᠬᠢᠯ ᠳ᠋ᠦ᠍ ᠡᠨᠡ ᠨᠢ ᠤᠶᠠᠰᠤᠯ ᠤ᠋ᠨ ᠮᠠᠨᠠᠨ ᠳ᠋ᠤ᠌ ᠵᠡᠭᠦᠳᠦ ᠪᠡᠷ ᠪᠠᠭᠤᠭᠰᠠᠨ ᠬᠣᠶᠠᠷ ᠠᠵᠢᠷᠭᠠᠨ ᠤ᠋ ᠴᠣᠷᠣᠢᠨ ᠪᠣᠰᠤᠭᠰᠠᠨ ᠲᠡᠮᠡᠴᠡᠭᠡᠨ ᠪᠢᠰᠢ᠂ ᠬᠠᠷᠢᠨ ᠮᠤᠨᠳᠠᠭ᠎ᠠ ᠪᠠᠨ ᠮᠡᠷᠡᠵᠦ ᠵᠣᠭᠰᠣᠬᠤ ᠰᠢᠭ᠋ ᠪᠥᠷᠲᠥᠯᠵᠡᠨ ᠬᠠᠷᠠᠭᠳᠠᠯ᠎ᠠ ᠁ 
       ᠡᠨᠡ ᠬᠣᠭᠣᠷᠣᠨᠳᠣ ᠲᠡᠮᠤᠷᠰᠥ᠋ᠬᠡ ᠮᠣᠷᠢ ᠡᠮᠡᠭᠡᠯᠯᠡᠵᠦ᠂ ᠠᠩᠴᠢᠨᠵᠠᠪ ᠠᠭᠤᠯᠠᠨᠬᠦᠦ ᠶ᠋ᠢᠨ ᠮᠠᠩᠨᠠᠢ ᠶ᠋ᠢ ᠦᠨᠦᠰᠴᠦ᠂《ᠮᠢᠨᠦ ᠬᠦᠦ ᠰᠠᠢᠨ ᠪᠥᠬᠡ ᠪᠣᠯᠤᠭᠠᠷᠠᠢ!》 ᠭᠡᠳ ᠮᠣᠷᠳᠠᠪᠠ᠃ 
         ᠁  
       ᠠᠩᠴᠢᠨᠵᠠᠪ᠂ ᠵᠠᠩᠴᠤᠪ ᠨᠠᠷ ᠨᠡᠯᠢᠶᠡᠳ ᠴᠡᠷᠢᠭ ᠮᠣᠷᠢ ᠠᠪᠴᠤ ᠪᠠᠭ᠎ᠠ ᠬᠠᠲᠤᠨ ᠢ᠋ ᠡᠷᠢᠷ᠎ᠡ ᠣᠴᠢᠭᠰᠠᠨ ᠳ᠋ᠤ᠌ ᠪᠠᠭ᠎ᠠ ᠬᠠᠲᠤᠨ ᠤ᠋ ᠪᠠᠶᠠᠷᠯᠠᠭᠰᠠᠨ ᠢ᠋ ᠶᠠᠭᠤᠨ ᠥᠭᠦᠯᠡᠬᠦ⁈  

— — — — 
① ᠭᠠᠵᠠᠷ ᠤ᠋ᠨ ᠨᠡᠷ᠎ᠡ᠃ ᠠᠷᠭᠠᠯᠢ ᠤᠭᠠᠯᠵᠠ ᠦᠷᠭᠦᠯᠵᠢ ᠬᠡᠪᠲᠡᠳᠡᠭ ᠭᠠᠵᠠᠷ᠃ 
② ᠨᠤᠲᠤᠭ ᠤ᠋ᠨ ᠬᠡᠯᠡᠯᠭᠡ᠃ ᠤᠷᠠᠳ ᠲᠤ ᠵᠠᠷᠢᠮ ᠨᠠᠰᠣᠲᠠᠢᠴᠣᠣᠯ《ᠯᠠᠮᠠ ᠭᠤᠷᠪᠠᠨ ᠡᠷᠳᠡᠨᠢ》 ᠭᠡᠳᠡᠭ ᠢ᠋《ᠯᠠᠮᠠ ᠭᠤᠷᠪᠠᠢ ᠡᠷᠳᠡᠨᠢ》 ᠭᠡᠳᠡᠭ᠃  
③ ᠮᠤᠨᠠ ᠠᠭᠤᠯᠠᠨ ᠳ᠋ᠤ᠌ ᠰᠠᠷᠠᠨ᠎ᠠ ᠶ᠋ᠢᠨ ᠢᠵᠠᠭᠤᠷᠲᠤ ᠣᠯᠠᠨ ᠨᠠᠰᠤᠲᠤ ᠡᠪᠡᠰᠦᠯᠢᠭ ᠤᠷᠭᠤᠮᠠᠯ᠃ ᠢᠳᠡᠵᠦ ᠪᠣᠯᠳᠠᠭ᠂ ᠰᠣᠩᠭᠢᠨ᠎ᠠ ᠰᠠᠷᠢᠮᠰᠠᠭ ᠤ᠋ᠨ ᠦᠨᠦᠷ ᠠᠮᠲᠠ ᠲᠠᠢ᠃  


          ᠦᠰᠦᠭ ᠠᠮᠢᠯᠠᠭᠤᠯᠤᠭᠰᠠᠨ ᠨᠢ᠄ ᠪᠠᠭᠠᠲᠤᠷ