ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠳᠥᠷᠪᠡ Үүрийн туяа III – Б ᠂ Ренчин Гуравдугаар дэвтэр "Баялдаж олсон эх орон"-4
ᠳᠥᠷᠪᠡ᠂ ᠰᠠᠨᠠᠮᠰᠠᠷ ᠦᠭᠡᠢ ᠠᠭᠤᠯᠵᠠᠯᠲᠠ
ᠰᠠᠢᠨ ᠰᠠᠨᠠᠭᠠᠨ ᠤ᠋ ᠦᠵᠦᠭᠦᠷ ᠲᠦ᠍ ᠰᠦ᠂
ᠮᠠᠭᠤ ᠰᠠᠨᠠᠭᠠᠨ ᠤ᠋ ᠦᠵᠦᠭᠦᠷ ᠲᠦ᠍ ᠴᠢᠰᠤ᠂
ᠠᠷᠠᠳ ᠤ᠋ᠨ ᠰᠡᠴᠡᠨ ᠦᠭᠡ
ᠰᠢᠷᠴᠢᠨ ᠤᠷᠲᠤ ᠤᠷᠭ᠎ᠠ ᠪᠠᠨ ᠭᠣᠵᠣᠯᠵᠠᠭᠤᠯᠤᠨ ᠴᠢᠷᠴᠦ᠂ ᠭᠡᠷ ᠦ᠋ᠨ ᠵᠦᠭ ᠶᠥᠷᠭᠡᠵᠦ ᠶᠠᠪᠤᠪᠠ᠃ ᠬᠦᠢᠲᠡᠨ ᠵᠢᠪᠠᠷ ᠨᠢᠭᠤᠷ ᠥᠭᠡᠳᠡ ᠴᠣᠬᠢᠵᠤ᠂ ᠭᠡᠷ ᠲᠦ᠍ ᠮᠠᠨᠢ ᠶᠠᠮᠠᠷ ᠳᠤᠯᠠᠭᠠᠬᠠᠨ ᠰᠠᠢᠬᠠᠨ ᠪᠠᠢᠭ᠎ᠠ ᠪᠣᠯ᠂ ᠵᠦᠭᠡᠷ ᠰᠠᠭᠤᠵᠤ ᠴᠢᠳᠠᠳᠠᠭ ᠦᠭᠡᠢ᠂ ᠲᠠᠩᠳᠠ ᠶᠠᠭᠤᠮ᠎ᠠ ᠬᠢᠵᠦ ᠪᠠᠢᠳᠠᠭ ᠴᠡᠷᠡᠨ ᠦ᠌ ᠬᠠᠯᠠᠭᠤᠨ ᠴᠠᠢ ᠬᠡᠵᠢᠶ᠎ᠡ ᠴᠦ᠍ ᠪᠡᠯᠡᠨ ᠵᠠᠯᠠᠨ ᠪᠠᠢᠭ᠎ᠠ ᠳᠠ ᠭᠡᠵᠦ ᠭᠡᠷ ᠲᠡᠭᠡᠨ(ᠲᠤ᠌ ᠪᠡᠨ) ᠬᠦᠷᠬᠦ ᠶ᠋ᠢ ᠪᠣᠳᠣᠵᠤ ᠬᠠᠲᠠᠷᠢᠭᠤᠯᠤᠨ ᠶᠥᠷᠭᠡᠵᠦ ᠶᠠᠪᠤᠬᠤ ᠳ᠋ᠠᠭᠠᠨ(ᠳ᠋ᠤ᠌ ᠪᠠᠨ)᠂ ᠣᠳᠣ ᠸᠠᠩ ᠬᠣᠶᠠᠳᠤᠭᠠᠷ ᠬᠦᠦ ᠭᠡᠳᠡᠭ ᠳᠣᠲᠣᠷ ᠡᠪᠦᠭᠡᠨ ᠮᠠᠨᠢ᠂ ᠦᠳᠡ ᠶ᠋ᠢᠨ ᠢ᠋ᠶ᠋ᠡᠨ ᠴᠠᠢ ᠤᠤᠭᠤᠬᠤ ᠭᠡᠵᠦ ᠬᠣᠨᠢ ᠠ᠋ᠴᠠ ᠪᠠᠨ ᠢᠷᠡᠭᠡᠳ᠂ ᠭᠠᠯ ᠤ᠋ᠨ ᠳᠡᠷᠭᠡᠳᠡ ᠲᠠᠭᠠᠲᠠᠢᠬᠠᠨ ᠳᠤᠯᠠᠭᠠᠴᠠᠨ ᠰᠠᠭᠤᠵᠤ ᠪᠠᠢᠭ᠎ᠠ ᠪᠢᠵᠡ ᠳᠡ᠃ ᠭᠡᠷ ᠲᠦ᠍ ᠮᠠᠨᠢ ᠣᠳᠣ ᠪᠠᠬᠠᠨ ᠵᠠᠢ ᠮᠠᠭᠤ ᠲᠠᠢ᠂ ᠨᠢᠯᠬ᠎ᠠ ᠬᠤᠷᠠᠭ᠎ᠠ ᠬᠠᠮᠤᠭ ᠵᠠᠢ ᠡᠵᠡᠯᠡᠭᠡᠳ᠂ ᠭᠡᠷ ᠲᠦ᠍ ᠪᠠᠭᠲᠠᠬᠤ ᠪᠠᠨ ᠪᠠᠢᠬᠤ ᠳ᠋ᠤᠨᠢ(ᠳ᠋ᠤ᠌ ᠨᠢ) ᠪᠠᠭ᠎ᠠ ᠭᠡᠷ ᠢ᠋ᠶ᠋ᠡᠨ ᠬᠦᠷᠲᠡᠯ᠎ᠡ ᠬᠤᠷᠠᠭᠠᠨ ᠳ᠋ᠠᠭᠠᠨ(ᠳ᠋ᠤ᠌ ᠪᠠᠨ) ᠪᠠᠷᠢᠬᠤ ᠳ᠋ᠤ᠌ ᠬᠦᠷᠦᠭᠰᠡᠨ ᠰᠢᠦ ᠳᠡ᠃ ᠣᠳᠣ ᠬᠣᠨᠢ ᠮᠠᠨᠢ ᠬᠤᠷᠠᠭᠠᠯᠠᠵᠤ ᠪᠠᠷᠤᠭ ᠰᠢᠪᠲᠤᠷᠴᠤ᠂ ᠠᠷᠪᠠᠭᠠᠳ ᠯᠠ ᠬᠣᠨᠢ ᠢᠮᠠᠭ᠎ᠠ ᠦᠯᠡᠳᠡᠪᠡ ᠤᠤ ᠳᠠ᠃ ᠬᠤᠷᠠᠭᠠᠯᠠᠬᠤ ᠢᠰᠢᠭᠡᠯᠡᠬᠦ ᠦᠶ᠎ᠡ ᠪᠡᠷ ᠡᠳᠦᠷ ᠰᠥᠨᠢ ᠦᠭᠡᠢ ᠨᠡᠯᠢᠶᠡᠳ ᠴᠦ᠍ ᠶᠡᠬᠡ ᠨᠣᠴᠣᠯᠳᠤᠯᠠ ᠳᠠ᠃ ᠲᠡᠭᠡᠭᠰᠡᠨ ᠦ᠌ ᠬᠦᠴᠦ ᠪᠡᠷ ᠴᠦ᠍ ᠬᠤᠷᠠᠭ᠎ᠠ ᠢᠰᠢᠭᠡ ᠪᠦᠷᠢᠨ ᠮᠡᠨᠳᠦ᠂ ᠡᠨᠡ ᠵᠢᠯ ᠥᠩ ᠲᠡᠢ᠂ ᠡᠪᠡᠰᠦ ᠪᠡᠯᠴᠢᠭᠡᠷ ᠰᠠᠢᠨ᠂ ᠬᠣᠨᠢ ᠢᠮᠠᠭ᠎ᠠ ᠬᠦᠴᠦ ᠲᠠᠷᠭᠤ ᠰᠠᠢᠨ ᠣᠨ ᠳ᠋ᠤ᠌ ᠣᠷᠣᠵᠠᠢ ᠭᠡᠵᠦ ᠪᠣᠳᠣᠵᠤ ᠶᠠᠪᠤᠪᠠ᠃
ᠪᠢᠴᠢᠬᠠᠨ ᠳᠥᠷᠥᠯᠵᠢ ᠳᠠᠪᠠᠲᠠᠯ᠎ᠠ᠂ ᠰᠢᠷᠴᠢᠨ ᠦ᠌ ᠭᠡᠷ ᠦ᠋ᠨ ᠵᠦᠭ ᠮᠣᠷᠢ ᠲᠠᠢ ᠬᠣᠶᠠᠷ ᠬᠥᠮᠦᠨ ᠠᠢᠰᠤᠵᠤ᠂ ᠠᠵᠢᠭᠴᠢ ᠬᠤᠷᠴᠠ ᠨᠢᠳᠦ ᠪᠡᠷ ᠢ᠋ᠶ᠋ᠡᠨ ᠰᠢᠷᠲᠡᠯᠬᠢᠯᠡᠨ ᠬᠠᠷᠠᠪᠠᠯ᠂ ᠨᠢᠭᠡ ᠨᠢ ᠠᠯᠪᠠᠨ ᠤ᠋ ᠬᠠᠨᠲᠠᠭᠠᠵᠠ ᠲᠠᠢ᠂ ᠮᠣᠷᠢᠨ ᠴᠡᠷᠢᠭ ᠦ᠋ᠨ ᠪᠣᠭᠣᠨᠢ ᠫᠤᠤ ᠡᠭᠦᠷᠦᠭᠰᠡᠨ ᠬᠥᠮᠦᠨ ᠪᠣᠯᠤᠯᠲᠠᠢ᠃
— ᠴᠡᠷᠢᠭ ᠦ᠋ᠨ ᠬᠥᠮᠦᠨ ᠶᠦᠮ ᠠ᠋ ᠳᠠ᠃ ᠥᠷᠲᠡᠭᠡᠨ ᠦ᠌ ᠤᠯᠠᠭᠠᠴᠢ ᠲᠠᠢ ᠶᠠᠪᠤᠵᠤ ᠶᠠᠪᠤᠭ᠎ᠠ ᠡᠯᠴᠢ ᠪᠣᠯ ᠤᠤ ᠳᠠ? ᠭᠠᠵᠠᠷ ᠤ᠋ᠨ ᠬᠠᠮᠢᠭ᠎ᠠ ᠠ᠋ᠴᠠ ᠭᠠᠷᠴᠤ᠂ ᠤᠯᠢᠶᠠᠰᠤᠲᠠᠢ ᠶ᠋ᠢᠨ ᠥᠷᠲᠡᠭᠡ ᠵᠠᠮ ᠠ᠋ᠴᠠ ᠢᠩᠭᠢᠵᠦ ᠭᠠᠵᠢᠵᠤ ᠮᠠᠨᠠᠢ(ᠮᠠᠨ ᠤ᠋) ᠤᠷᠤᠭᠤ ᠴᠢᠭᠯᠡᠵᠦ ᠶᠠᠪᠤᠭ᠎ᠠ ᠶᠤᠮ ᠪᠣᠯ? ᠥᠨᠥᠬᠢ ᠭᠠᠢᠲᠠᠢ ᠪᠠᠷᠤᠨ᠂ ᠴᠡᠷᠢᠭ ᠳᠠᠢᠴᠢᠯᠠᠵᠤ ᠪᠠᠢᠭ᠎ᠠ ᠶᠤᠮ ᠪᠣᠯ ᠤᠤ᠂ ᠡᠰᠡᠪᠡᠯ ᠴᠡᠷᠢᠭ ᠦ᠋ᠨ ᠵᠠᠷᠤᠳᠠᠯ ᠳ᠋ᠤ᠌ ᠭᠡᠵᠦ ᠳᠠᠬᠢᠨ ᠠᠯᠪᠠ ᠭᠤᠪᠴᠢᠵᠤ ᠲᠡᠪᠡᠳᠡᠭᠦᠯᠬᠦ ᠨᠢ ᠤᠤ? ᠭᠡᠵᠦ ᠤᠷᠲᠤ ᠨᠢ ᠨᠡᠯᠢᠶᠡᠳ ᠬᠣᠯᠠ ᠳᠠᠪᠬᠢᠵᠤ ᠶᠠᠪᠤᠭ᠎ᠠ ᠲᠡᠷᠡ ᠬᠣᠶᠠᠷ ᠬᠥᠮᠦᠨ ᠦ᠌ ᠪᠠᠷ᠎ᠠ ᠶ᠋ᠢ ᠬᠠᠷᠠᠭᠰᠠᠭᠠᠷ ᠶᠠᠪᠤᠲᠠᠯ᠎ᠠ᠂ ᠲᠡᠳᠡ ᠨᠢ ᠰᠢᠷᠴᠢᠨ ᠦ᠌ ᠭᠠᠳᠠᠭ᠎ᠠ ᠬᠦᠷᠴᠦ᠂ ᠭᠡᠷ ᠡᠴᠡ ᠨᠢ ᠨᠢᠭᠡ ᠬᠥᠮᠦᠨ ᠨᠣᠬᠠᠢ ᠬᠣᠷᠢᠬᠤ ᠪᠠᠷ ᠭᠠᠷᠤᠭᠰᠠᠨ ᠨᠢ ᠴᠡᠷᠡᠨ ᠪᠣᠯᠤᠯᠲᠠᠢ᠃ ᠲᠡᠭᠡᠪᠡᠯ ᠸᠠᠩ ᠡᠪᠦᠭᠡᠨ ᠡᠵᠡᠭᠦᠢ ᠪᠠᠢᠵᠠᠢ ᠭᠡᠵᠦ ᠪᠣᠳᠣᠭᠰᠠᠭᠠᠷ ᠮᠣᠷᠢ ᠪᠠᠨ ᠭᠤᠶᠠᠳᠠᠨ ᠭᠡᠷ ᠦ᠋ᠨ ᠵᠦᠭ ᠬᠠᠲᠠᠷᠢᠭᠰᠠᠭᠠᠷ ᠬᠦᠷᠪᠡᠯ᠂ ᠨᠢᠭᠡ ᠰᠥᠭᠡᠩᠭᠢ ᠬᠣᠭᠣᠯᠠᠢ ᠲᠠᠢ ᠬᠥᠮᠦᠨ᠂ ᠭᠡᠷ ᠲᠦ᠍ ᠴᠡᠷᠡᠨ ᠡᠴᠡ ᠠᠭᠤᠷ ᠲᠠᠢ ᠪᠠᠢᠳᠠᠯ ᠲᠠᠢ᠂ ᠨᠢᠭᠡ ᠶᠠᠭᠤᠮ᠎ᠠ ᠠᠰᠠᠭᠤᠵᠤ ᠪᠠᠢᠭ᠎ᠠ ᠪᠣᠯᠤᠯᠲᠠᠢ᠃
ᠮᠣᠷᠢ ᠪᠠᠨ ᠶᠠᠭᠠᠷᠠᠨ ᠤᠶᠠᠭᠠᠳ᠂ ᠡᠭᠦᠳᠡ ᠪᠡᠨ ᠰᠡᠬᠦᠵᠦ ᠭᠡᠷ ᠲᠡᠭᠡᠨ(ᠲᠤ᠌ ᠪᠡᠨ) ᠣᠷᠣᠬᠤ ᠳ᠋ᠤᠨᠢ( ᠳ᠋ᠤ᠌ ᠨᠢ)᠂ ᠡᠯᠢᠭᠡᠨ ᠳ᠋ᠡᠭᠡᠨ( ᠳ᠋ᠦ᠍ ᠪᠡᠨ) ᠨᠠᠭᠠᠯᠳᠤᠭᠰᠠᠨ ᠲᠡᠮᠦᠷ ᠬᠦᠦ ᠪᠡᠨ ᠲᠡᠪᠡᠷᠢᠭᠡᠳ᠂ ᠴᠡᠷᠡᠨ ᠭᠠᠯ ᠤ᠋ᠨ ᠢ᠋ᠶ᠋ᠠᠨ ᠵᠡᠭᠦᠨ ᠲᠡᠢ ᠰᠠᠨᠳᠤᠷᠤᠤ ᠪᠠᠢᠳᠠᠯ ᠲᠠᠢ ᠰᠠᠭᠤᠵᠤ ᠪᠠᠢᠭ᠎ᠠ ᠨᠢ ᠨᠢᠳᠦᠨ ᠳ᠋ᠦ᠍ ᠶᠠᠭᠤᠨ ᠤ᠋ ᠡᠮᠦᠨ᠎ᠡ ᠲᠣᠷᠴᠤ ᠦᠵᠡᠭᠳᠡᠪᠡ᠃ ᠬᠣᠢᠮᠣᠷ ᠲᠤᠨᠢ(ᠲᠤ᠌ ᠨᠢ)᠂ ᠵᠡᠭᠦᠨ ᠬᠠᠴᠠᠷ ᠳᠠᠭᠠᠨ(ᠲᠤ᠌ ᠪᠠᠨ)ᠰᠡᠯᠡᠮ᠎ᠡ ᠶ᠋ᠢᠨ ᠰᠣᠷᠪᠢ ᠲᠠᠢ ᠤᠴᠢᠷ ᠠ᠋ᠴᠠ ᠲᠣᠭᠰᠢᠨ ᠬᠡᠷᠴᠡᠭᠡᠢ ᠪᠠᠢᠳᠠᠯ ᠲᠠᠢ ᠦᠵᠡᠭᠳᠡᠬᠦ ᠨᠢᠭᠡ ᠴᠣᠬᠣᠷ ᠬᠥᠬᠡ ᠴᠡᠷᠢᠭ ᠵᠠᠪᠢᠯᠠᠨ ᠰᠠᠭᠤᠵᠤ᠂ ᠳᠡᠷᠭᠡᠳᠡ ᠨᠢ ᠳ᠋ᠣᠢᠩᠬᠣᠷ ᠴᠢᠬᠢᠨ ᠳ᠋ᠡᠭᠡᠨ( ᠳ᠋ᠦ᠍ ᠪᠡᠨ) ᠲᠤᠯᠲᠠᠯ᠎ᠠ ᠵᠠᠪᠢᠯᠠᠨ ᠰᠠᠭᠤᠭᠠᠳ᠂ ᠰᠢᠷᠴᠢᠨ ᠦ᠌ ᠣᠷᠣᠵᠤ ᠢᠷᠡᠬᠦ ᠳ᠋ᠦ᠍ ᠶᠡᠬᠡ ᠯᠡ ᠲᠣᠮᠣᠷᠬᠠᠭᠰᠠᠨ ᠪᠠᠢᠳᠠᠯ ᠲᠠᠢ᠂
— ᠵᠠ ᠡᠷᠦᠬᠡ ᠶ᠋ᠢᠨ ᠡᠵᠡᠨ᠂ ᠪᠡᠶ᠎ᠡ ᠪᠡᠷ ᠢ᠋ᠶ᠋ᠡᠨ ᠬᠦᠷᠦᠭᠡᠳ ᠢᠷᠡᠵᠡᠢ ᠬᠡᠮᠡᠪᠡᠰᠦ᠂
— ᠴᠢ ᠰᠢᠷᠴᠢᠨ ᠭᠡᠳᠡᠭ ᠤᠤ? ᠭᠡᠵᠦ ᠲᠡᠷᠡ ᠴᠣᠬᠣᠷ ᠴᠡᠷᠢᠭ ᠠᠮᠤᠷ ᠮᠡᠨᠳᠦ ᠶ᠋ᠢ ᠠᠰᠠᠭᠤᠬᠤ ᠳ᠋ᠤᠨᠢ (ᠳ᠋ᠤ᠌ ᠨᠢ) ᠬᠠᠷᠢᠭᠤ ᠬᠡᠯᠡᠯ ᠦᠭᠡᠢ ᠪᠠᠢᠴᠠᠨ ᠵᠠᠩᠳᠤᠷᠴᠤ᠂ ᠴᠢᠨᠦ ᠲᠡᠷᠡ ᠮᠠᠭᠤ ᠭᠠᠮᠢᠩ ᠬᠢᠲᠠᠳ ᠬᠠᠮᠢᠭ᠎ᠠ ᠪᠠᠢᠨ᠎ᠠ᠃ ᠮᠠᠨᠠᠢ (ᠮᠠᠨ ᠤ᠋) ᠱᠠᠰᠢᠨ ᠲᠥᠷᠥ ᠶ᠋ᠢᠨ ᠳᠠᠢᠰᠤᠨ ᠡᠲᠡᠭᠡᠳ ᠢ᠋ ᠴᠢ ᠶᠠᠭᠠᠬᠢᠭᠠᠳ ᠭᠡᠷ ᠲᠡᠭᠡᠨ(ᠲᠤ᠌ ᠪᠡᠨ )ᠠᠶᠤᠮᠰᠢᠭ ᠦᠭᠡᠢ ᠠᠭᠤᠯᠳᠠᠭ ᠪᠢᠯᠡ? ᠢᠷᠭᠡᠨ ᠮᠣᠩᠭᠣᠯ ᠨᠢᠭᠡᠨ ᠳᠣᠣᠷ᠎ᠠ ᠬᠠᠮᠲᠤ ᠰᠠᠭᠤᠵᠤ ᠦᠯᠦ ᠪᠣᠯᠤᠨ᠎ᠠ ᠭᠡᠰᠡᠨ ᠪᠣᠭᠳᠠ ᠶ᠋ᠢᠨ ᠵᠠᠷᠯᠢᠭ᠂ ᠪᠠᠷᠣᠨ ᠵᠠᠩᠵᠤᠨ ᠤ᠋ ᠲᠤᠰᠢᠶᠠᠯ ᠢ᠋ ᠮᠡᠳᠡᠬᠦ ᠦᠭᠡᠢ᠂ ᠴᠢ ᠶᠠᠭᠠᠬᠢᠭᠰᠠᠨ ᠵᠠᠳᠠᠷᠠᠭᠰᠠᠨ ᠲᠠᠷᠢᠬᠢ ᠪᠣᠢ? ᠬᠡᠮᠡᠪᠡᠰᠦ᠂
— ᠲᠡᠷᠡ ᠬᠥᠮᠦᠨ ᠬᠡᠷᠬᠢᠪᠡᠴᠦ ᠮᠠᠨᠠᠢ (ᠮᠠᠨ ᠤ᠋ )ᠱᠠᠰᠢᠨ ᠲᠥᠷᠥ ᠶ᠋ᠢᠨ ᠳᠠᠢᠰᠤᠨ ᠪᠢᠰᠢ᠃ ᠪᠢ ᠶᠡᠷᠦ ᠢᠷᠭᠡᠨ ᠮᠣᠩᠭᠣᠯ ᠨᠢᠭᠡᠨ ᠳᠣᠣᠷ᠎ᠠ ᠰᠠᠭᠤᠵᠤ ᠦᠯᠦ ᠪᠣᠯᠤᠨ᠎ᠠ ᠭᠡᠰᠡᠨ ᠪᠣᠭᠳᠠ ᠶ᠋ᠢᠨ ᠵᠠᠷᠯᠢᠭ ᠰᠣᠨᠣᠰᠤᠭ᠎ᠠ ᠦᠭᠡᠢ ᠭᠡᠵᠦ ᠰᠢᠷᠴᠢᠨ᠂ ᠲᠡᠷᠡ ᠴᠡᠷᠢᠭ ᠦ᠋ᠨ ᠬᠡᠷᠴᠡᠭᠡᠢ ᠦᠭᠡᠨ ᠳ᠋ᠦ᠍ ᠵᠢᠪᠡᠭᠦᠦ ᠨᠢ ᠬᠦᠷᠴᠦ ᠬᠠᠷᠢᠭᠤ ᠬᠡᠯᠡᠭᠡᠳ᠂ ᠴᠡᠷᠡᠨ ᠦ᠌ ᠣᠷᠣᠨ ᠳᠡᠭᠡᠷ᠎ᠡ ᠰᠠᠭᠤᠪᠠᠰᠤ᠂
— ᠠ᠂ ᠲᠡᠢᠮᠦ ᠪᠣᠢ? ᠲᠣᠭᠣᠯᠤᠭ᠎ᠠ ᠦᠭᠡᠢ ᠪᠣᠯ ᠣᠳᠣ ᠲᠤᠭᠤᠯᠵᠤ ᠮᠡᠳᠡᠭᠡᠳ᠂ ᠪᠤᠵᠠᠷ ᠠᠮᠢᠰᠬᠤᠯ ᠢ᠋ᠶ᠋ᠠᠷ ᠢ᠋ᠶ᠋ᠠᠨ ᠭᠠᠯ ᠭᠣᠯᠣᠮᠲᠠ ᠶ᠋ᠢ ᠴᠢᠨᠢ ᠭᠬᠢᠷᠲᠦᠭᠦᠯᠵᠦ ᠪᠠᠢᠭ᠎ᠠ ᠲᠡᠷᠡ ᠲᠡᠷᠰᠬᠦᠳ ᠪᠤᠷᠤᠭᠤ ᠨᠣᠮᠲᠤ ᠭᠠᠮᠢᠩ ᠢ᠋ᠶ᠋ᠠᠨ ᠭᠣᠣᠯ ᠢ᠋ ᠨᠢ ᠲᠠᠰᠤ ᠰᠠᠮᠨᠠᠭᠠᠳ ᠥᠭ᠃ ᠲᠡᠭᠡᠭᠡᠳ ᠪᠣᠭᠳᠠ ᠬᠠᠭᠠᠨ ᠤ᠋ ᠥᠴᠦᠬᠡᠨ ᠱᠠᠪᠢ ᠪᠣᠭᠣᠯ ᠴᠢᠨᠦ ᠪᠡᠶ᠎ᠡ᠂ ᠳᠡᠭᠡᠷᠡᠬᠢ ᠶ᠋ᠢᠨ ᠵᠠᠷᠯᠢᠭ ᠯᠦᠨᠳᠦᠩ᠂ ᠳᠡᠷᠭᠡᠳᠡ ᠶ᠋ᠢᠨ ᠰᠢᠳᠠᠷ ᠳᠣᠭᠰᠢᠨ ᠪᠠᠷᠣᠨ ᠵᠠᠩᠵᠤᠨ ᠤ᠋ ᠰᠦᠷᠲᠦ ᠲᠤᠰᠢᠶᠠᠯ ᠳᠠᠭᠠᠵᠤ ᠭᠦᠢᠴᠡᠳᠬᠡᠭᠰᠡᠨ ᠦ᠌ ᠲᠡᠮᠳᠡᠭ ᠪᠣᠯᠭᠠᠵᠤ᠂ ᠮᠠᠨ ᠤ᠋ ᠨᠣᠶᠠᠨ ᠳ᠋ᠤ᠌ ᠲᠡᠷᠡ ᠭᠠᠮᠢᠩ ᠤ᠋ᠨ ᠢ᠋ᠶ᠋ᠠᠨ ᠴᠢᠬᠢ ᠡᠷᠭᠦᠨ ᠪᠡᠷᠢ ᠭᠡᠵᠡᠢ᠃
— ᠪᠢ ᠬᠥᠮᠦᠨ ᠠᠯᠠᠳᠠᠭ ᠬᠥᠮᠦᠨ ᠪᠢᠰᠢ ᠭᠡᠵᠦ ᠰᠢᠷᠴᠢᠨ ᠴᠡᠭᠡᠵᠢ ᠳᠦᠭᠦᠷᠡᠩ ᠠᠭᠤᠷ ᠰᠢᠲᠠᠭᠰᠠᠨ ᠢ᠋ᠶ᠋ᠠᠨ ᠪᠠᠷᠢᠵᠤ ᠶᠠᠳᠠᠨ ᠬᠠᠷᠢᠭᠤᠯᠪᠠ᠃
— ᠮᠠᠭᠤ ᠪᠣᠭᠣᠯ! ᠴᠢ ᠶᠡᠬᠡᠰ ᠦ᠋ᠨ ᠲᠤᠰᠢᠶᠠᠯ ᠵᠥᠷᠢᠴᠡᠬᠦ ᠶᠠᠭᠠᠬᠢᠭᠰᠠᠨ ᠰᠥᠰᠥ ᠶᠡᠬᠡᠲᠡᠢ ᠬᠥᠮᠦᠨ ᠪᠢᠯᠡ? ᠭᠡᠵᠦ ᠲᠡᠷᠡ ᠴᠣᠬᠣᠷ ᠴᠡᠷᠢᠭ ᠰᠠᠯᠬᠢ ᠴᠣᠬᠢᠭᠤᠯᠵᠤ ᠰᠥᠭᠡᠭᠰᠡᠨ ᠬᠣᠭᠣᠯᠠᠢ ᠪᠠᠷ ᠪᠠᠷᠬᠢᠷᠠᠨ᠂ ᠨᠢᠳᠦ ᠪᠡᠨ ᠤᠯᠠᠭᠠᠨ ᠢ᠋ᠶ᠋ᠠᠷ ᠡᠷᠭᠢᠭᠦᠯᠵᠦ᠂ ᠮᠣᠳᠣᠨ ᠬᠤᠢ ᠠ᠋ᠴᠠ ᠮᠠᠦ᠋ᠽᠧᠷ ᠫᠤᠤ ᠪᠠᠨ ᠰᠤᠭᠤ ᠲᠠᠲᠠᠭᠠᠳ᠂ ᠨᠢᠭᠡ ᠪᠣᠯ᠂ ᠴᠢ ᠲᠡᠷᠡ ᠮᠠᠭᠤ ᠬᠢᠲᠠᠳ ᠢ᠋ ᠨᠠᠮᠠᠶ᠋ᠢ(ᠨᠠᠮ᠎ᠠ ᠶ᠋ᠢ) ᠬᠠᠷᠠᠭᠰᠠᠭᠠᠷ ᠪᠠᠢᠲᠠᠯ᠎ᠠ ᠠᠯᠠᠭᠠᠳ ᠥᠭ᠂ ᠨᠢᠭᠡ ᠪᠣᠯ᠂ ᠲᠩᠷᠢ ᠮᠡᠳᠡᠲᠦᠭᠡᠢ᠂ ᠪᠢ ᠨᠣᠶᠠᠨ ᠳ᠋ᠤ᠌ ᠴᠢᠨᠦ ᠴᠢᠬᠢ ᠡᠷᠭᠦᠨ ᠳᠡᠪᠰᠢᠭᠦᠯᠦᠨ᠎ᠡ! ᠭᠡᠳ᠂ ᠮᠠᠦ᠋ᠽᠧᠷ ᠫᠤᠤ ᠶ᠋ᠢᠨ ᠠᠮᠠ ᠶ᠋ᠢ ᠰᠢᠷᠴᠢᠨ ᠦ᠌ ᠨᠢᠭᠤᠷ ᠥᠭᠡᠳᠡ ᠴᠢᠭᠯᠡᠭᠦᠯᠬᠦ ᠳ᠋ᠦ᠍᠂ ᠭᠠᠷ ᠨᠢ ᠬᠥᠳᠡᠯᠦᠨ᠂ ᠫᠤᠤ ᠶ᠋ᠢᠨ ᠠᠮᠠ ᠰᠢᠷᠴᠢᠨ ᠦ᠌ ᠥᠭᠡᠳᠡ ᠡᠴᠡ ᠳᠡᠭᠡᠭᠰᠢ ᠪᠡᠨ ᠳᠣᠭᠣᠭᠰᠢ ᠪᠠᠨ ᠪᠣᠯᠤᠨ ᠬᠠᠷᠠᠯᠠᠵᠤ ᠬᠠᠷᠠᠭᠳᠠᠪᠠ᠃ ᠴᠡᠷᠡᠨ᠂ ᠬᠦᠦ ᠪᠡᠨ ᠲᠠᠰᠤ ᠲᠡᠪᠡᠷᠢᠭᠡᠳ᠂ ᠠᠶᠤᠭᠰᠠᠨ ᠳ᠋ᠠᠭᠠᠨ ᠬᠥᠳᠡᠯᠬᠦ ᠲᠡᠩᠬᠡᠭᠡ ᠨᠢ ᠲᠠᠰᠤᠷᠠᠵᠤ᠂ ᠴᠢᠷᠠᠢ ᠨᠢ ᠦᠨᠡᠰᠦᠨ ᠬᠥᠬᠡ ᠪᠣᠯᠤᠭᠠᠳ᠂ ᠠᠮᠠ ᠨᠢ ᠠᠩᠭᠠᠯᠵᠠᠨ ᠭᠠᠭᠤᠯᠵᠠᠪᠠ*᠃
ᠭᠡᠷ ᠦ᠋ᠨ ᠳᠣᠲᠣᠷ᠎ᠠ ᠮᠠᠰᠢ ᠲᠦᠭᠰᠢᠭᠦᠷᠢᠲᠡᠢ ᠨᠠᠮ ᠭᠦᠮ ᠪᠣᠯᠤᠭᠰᠠᠨ ᠳ᠋ᠤ᠌᠂ ᠬᠤᠷᠠᠭ᠎ᠠ ᠬᠠᠨᠠᠨ ᠳ᠋ᠤ᠌ ᠵᠡᠭᠦᠯᠲᠡᠲᠡᠢ ᠡᠪᠡᠰᠦ ᠰᠢᠷ ᠰᠢᠷ ᠵᠠᠵᠢᠯᠤᠨ ᠬᠡᠪᠢᠬᠦ ᠴᠢᠮᠡᠭᠡ ᠰᠣᠨᠣᠰᠳᠠᠨ᠂ ᠰᠢᠷᠴᠢᠨ ᠦᠬᠦᠯ ᠦ᠋ᠨ ᠰᠤᠮᠤ ᠭᠠᠷᠬᠤ ᠫᠤᠤ ᠶ᠋ᠢᠨ ᠪᠢᠴᠢᠬᠠᠨ ᠬᠠᠷ᠎ᠠ ᠠᠮᠠ ᠶ᠋ᠢ ᠨᠢᠳᠦ ᠴᠠᠪᠴᠢᠯ ᠦᠭᠡᠢ ᠰᠢᠷᠲᠡᠨ᠂ ᠤᠬᠤᠰᠬᠢᠨ ᠲᠡᠷᠡ ᠴᠡᠷᠢᠭ ᠦ᠋ᠨ ᠫᠤᠤ ᠶ᠋ᠢ ᠮᠤᠯᠲᠤ ᠴᠣᠬᠢᠪᠠᠯ ᠶᠠᠭᠠᠬᠢᠳᠠᠭ ᠪᠣᠯ? ᠴᠡᠷᠡᠨ ᠬᠦᠦ ᠪᠡᠨ ᠲᠡᠪᠡᠷᠢᠭᠡᠳ᠂ ᠫᠤᠤ ᠶ᠋ᠢᠨ ᠡᠮᠦᠨ᠎ᠡ ᠰᠠᠭᠤᠵᠤ ᠪᠠᠢᠭ᠎ᠠ ᠲᠤᠯᠠ᠂ ᠵᠡᠷᠯᠢᠭ ᠰᠤᠮᠤ ᠲᠡᠳᠡᠨ ᠳ᠋ᠦ᠍ ᠲᠤᠰᠬᠤ ᠪᠣᠯᠪᠠ ᠤᠤ? ᠭᠡᠳ ᠪᠡᠶ᠎ᠡ ᠪᠡᠨ ᠪᠠᠷᠢᠵᠤ ᠬᠥᠳᠡᠯᠦᠯ ᠦᠭᠡᠢ ᠰᠠᠭᠤᠪᠠ᠃
— ᠴᠢᠮᠠᠶ᠋ᠢ( ᠴᠢᠮ᠎ᠠ ᠶ᠋ᠢ) ᠲᠡᠷᠡ ᠮᠠᠭᠤ ᠭᠠᠮᠢᠩ ᠢ᠋ᠶ᠋ᠠᠨ ᠦᠬᠦᠭᠰᠡᠨ ᠠᠮᠢᠳᠤ ᠠᠯᠢᠨ ᠢ᠋ᠶ᠋ᠠᠷ ᠨᠢ ᠴᠦ᠍ ᠭᠡᠰᠡᠨ ᠪᠢᠳᠡᠨ ᠳ᠋ᠦ᠍ ᠲᠤᠰᠢᠶᠠᠬᠤ ᠠ᠋ᠴᠠ ᠨᠠᠭᠠᠰᠢ ᠴᠢᠮ᠎ᠠ ᠠ᠋ᠴᠠ ᠪᠢᠳᠡ ᠰᠠᠯᠬᠤ ᠦᠭᠡᠢ᠃ ᠴᠢ ᠣᠯᠵᠤ ᠯᠠ ᠥᠭ ᠲᠡᠭᠦᠨ ᠢ᠋ ᠪᠡᠨ ᠭᠡᠵᠦ ᠳ᠋ᠦᠶ᠋ᠢᠩᠬᠤᠷ᠂ ᠴᠡᠷᠡᠨ ᠦ᠌ ᠪᠠᠬᠠᠷᠳᠤᠨ ᠭᠡᠯᠮᠡᠭᠳᠡᠭᠰᠡᠨ ᠢ᠋ ᠲᠠᠪᠠᠷᠠᠬᠨ ᠬᠠᠷᠠᠵᠤ ᠴᠢᠮᠡᠭᠡ ᠦᠭᠡᠢ ᠰᠠᠭᠤᠭᠰᠠᠨ ᠢ᠋ᠶ᠋ᠠᠨ᠂ ᠴᠡᠷᠢᠭ ᠦ᠋ᠨ ᠫᠤᠤ ᠲᠠᠢ ᠭᠠᠷ ᠢ᠋ ᠠᠶᠠᠷᠬᠠᠨ ᠵᠠᠢᠯᠠᠭᠤᠯᠤᠨ᠂ ᠶᠡᠬᠡ ᠪᠠᠭᠠᠲᠤᠷ ᠲᠦᠷ ᠲᠠᠢᠳᠬᠤᠷᠠᠵᠤ ᠦᠵᠡ᠃ ᠡᠨᠡ ᠬᠥᠮᠦᠨ ᠲᠡᠷᠡ ᠮᠠᠭᠤ ᠭᠠᠮᠢᠩ ᠢ᠋ᠶ᠋ᠠᠨ ᠣᠯᠵᠤ ᠥᠭᠭᠦᠭ ᠬᠡᠮᠡᠪᠡᠰᠦ᠂
— ᠵᠠ᠂ ᠲᠡᠭᠡᠪᠡᠯ ᠳᠡᠭᠡᠭ! ᠭᠡᠳ ᠴᠠᠭᠠᠳᠤᠬᠢ ᠨᠢ ᠮᠠᠦ᠋ᠽᠧᠷ ᠫᠤᠤ ᠪᠠᠨ ᠳᠣᠭᠣᠭᠰᠢ ᠨᠢ ᠪᠣᠯᠭᠠᠭᠠᠳ ᠴᠡᠷᠡᠨ ᠦ᠌ ᠵᠦᠭ᠂ ᠴᠢ ᠪᠢᠳᠡᠨ ᠳ᠋ᠦ᠍ ᠨᠠᠭᠠᠳᠤᠬᠢ ᠶ᠋ᠢᠨ ᠢ᠋ᠶ᠋ᠡᠨ ᠭᠠᠮᠢᠩ ᠢ᠋ᠶ᠋ᠠᠨ ᠣᠯᠵᠤ ᠢᠷᠡᠲᠡᠯ᠎ᠡ ᠮᠢᠬ᠎ᠠ ᠴᠢᠨᠠᠵᠤ᠂ ᠠᠷᠢᠬᠢ ᠥᠭ ᠭᠡᠬᠦ ᠳ᠋ᠦ᠍ᠨᠢ( ᠳ᠋ᠦ᠍ ᠨᠢ) ᠴᠡᠷᠡᠨ᠂ ᠨᠥᠬᠥᠷ ᠦ᠋ᠨ ᠢ᠋ᠶ᠋ᠡᠨ ᠥᠭᠡᠳᠡ ᠡᠴᠡ ᠶᠠᠭᠠᠬᠢᠳᠠᠭ ᠪᠢᠯᠡ ᠭᠡᠰᠡᠨ ᠰᠢᠭ ᠰᠠᠨᠳᠤᠷᠤᠨ ᠬᠠᠷᠠᠪᠠᠰᠤ᠂
— ᠡᠷᠬᠢᠮ ᠡᠯᠴᠢ ᠭᠤᠸᠠᠢ᠂ ᠮᠠᠨᠠᠢ(ᠮᠠᠨ ᠤ᠋) ᠳ᠋ᠤ᠌ ᠠᠷᠢᠬᠢ ᠪᠠᠢᠬᠤ ᠦᠭᠡᠢ᠂ ᠮᠢᠬ᠎ᠠ ᠯᠠ ᠴᠢᠨᠠᠵᠤ ᠪᠠᠷᠢᠶ᠎ᠠ ᠭᠡᠵᠦ ᠰᠢᠷᠴᠢᠨ ᠦ᠌ ᠬᠡᠯᠡᠬᠦ ᠳ᠋ᠦ᠍᠂
— ᠲᠡᠭᠡᠪᠡᠯ᠂ ᠠᠷᠢᠬᠢᠨ ᠤ᠋ ᠣᠷᠣᠨ ᠳ᠋ᠤ᠌ ᠴᠢᠨᠦ ᠲᠡᠷᠡ ᠮᠠᠭᠤ ᠭᠠᠮᠢᠩ ᠤ᠋ᠨ ᠴᠢᠰᠤᠨ ᠠ᠋ᠴᠠ ᠤᠤᠭᠤᠨ᠎ᠠ ᠳᠠ ᠭᠡᠵᠦ ᠬᠦᠢᠲᠡᠨ ᠢ᠋ᠶ᠋ᠡᠷ ᠢᠨᠢᠶᠡᠨ᠂ ᠴᠡᠷᠡᠨ ᠦ᠌ ᠵᠦᠭ ᠳᠣᠬᠢᠵᠤ᠂ ᠴᠢ ᠬᠠᠷᠢᠨ ᠲᠡᠭᠦᠨ ᠦ᠌ ᠵᠢᠷᠦᠬᠡ ᠶ᠋ᠢ ᠨᠢ ᠰᠢᠷᠠᠵᠤ ᠥᠭᠭᠦᠭᠡᠷᠡᠢ ᠭᠡᠬᠦ ᠳ᠋ᠦ᠍᠂
— ᠪᠢ ᠠᠮᠢᠳᠤ ᠪᠠᠢᠭ᠎ᠠ ᠳᠡᠭᠡᠷ᠎ᠡ ᠪᠡᠨ ᠳᠡᠭᠡᠭᠦᠯᠬᠦ ᠦᠭᠡᠢ᠃ ᠮᠣᠩᠭᠣᠯ ᠤᠯᠤᠰ ᠤ᠋ᠨ ᠢ᠋ᠶ᠋ᠠᠨ ᠲᠥᠯᠥᠭᠡ ᠪᠢ ᠬᠠᠯᠠᠭᠤᠨ ᠠᠮᠢ ᠪᠦᠯᠢᠶᠡᠨ ᠴᠢᠰᠤ ᠪᠠᠨ ᠬᠠᠢᠷ᠎ᠠ ᠦᠭᠡᠢ᠂ ᠬᠠᠷ᠎ᠠ ᠴᠡᠷᠢᠭ ᠲᠡᠢ ᠪᠠᠢᠯᠳᠤᠵᠤ ᠶᠠᠪᠤᠭᠰᠠᠨ ᠪᠣᠯᠪᠠᠴᠤ ᠡᠩ ᠦ᠋ᠨ ᠨᠣᠮᠣᠬᠠᠨ ᠢᠷᠭᠡᠨ ᠳ᠋ᠦ᠍ ᠪᠢ ᠶᠡᠷᠦ ᠬᠠᠯᠳᠠᠨ ᠳᠠᠷᠤᠯᠠᠵᠤ ᠦᠵᠡᠭᠡ ᠦᠭᠡᠢ᠃ ᠬᠡᠷᠪᠡ ᠲᠡᠷᠡ ᠳᠣᠲᠣᠷ᠎ᠠ ᠡᠪᠦᠭᠡᠨ᠂ ᠬᠥᠮᠦᠨ ᠲᠡᠢ ᠭᠠᠵᠠᠷ ᠭᠡᠮ ᠬᠢᠭᠰᠡᠨ ᠶᠦᠮ ᠪᠣᠯ᠂ ᠲᠥᠷᠥ ᠲᠡᠢ ᠭᠠᠵᠠᠷ ᠰᠢᠢᠳᠬᠡᠨ᠎ᠡ ᠪᠢᠵᠡ ᠭᠡᠵᠦ ᠰᠢᠷᠴᠢᠨ ᠴᠢᠩ ᠵᠣᠷᠢᠭ ᠪᠠᠷᠢᠵᠤ ᠬᠡᠯᠡᠪᠡ᠃
— ᠡᠨᠡ ᠡᠬᠡᠨᠡᠷ᠂ ᠴᠢᠨᠦ ᠲᠡᠷᠡ ᠭᠠᠮᠢᠩ ᠢ᠋ ᠶᠠᠮᠠᠷ ᠨᠢᠭᠡ ᠵᠡᠭᠦᠨ ᠡᠮᠡᠭᠡ ᠶ᠋ᠢᠨ ᠳ᠋ᠦ᠍ ᠣᠴᠢᠭᠰᠠᠨ ᠭᠡᠵᠦ ᠲᠦᠷᠦᠭᠦᠨ ᠬᠡᠯᠡᠭᠰᠡᠨ᠃ ᠴᠢ ᠪᠢᠳᠡᠨ ᠢ᠋ ᠲᠡᠷᠡ ᠡᠮᠡᠭᠡᠨ ᠦ᠌ ᠳ᠋ᠡᠭᠡᠨ( ᠳ᠋ᠦ᠍ ᠪᠡᠨ) ᠭᠠᠵᠠᠷᠴᠢᠯᠠᠵᠤ᠂ ᠵᠠᠮ ᠵᠢᠭᠠᠵᠤ ᠥᠭ᠃ ᠲᠡᠨᠳᠡ ᠣᠴᠢᠭᠠᠳ ᠤᠴᠢᠷ ᠢ᠋ ᠣᠯᠤᠶ᠎ᠠ ᠭᠡᠵᠦ ᠲᠡᠷᠡ ᠴᠡᠷᠢᠭ ᠦ᠋ᠨ ᠬᠡᠯᠡᠵᠦ ᠪᠠᠷᠠᠮᠠᠭᠴᠠ᠂ ᠳ᠋ᠦᠢᠩᠬᠣᠷ ᠬᠥᠨᠳᠡᠯᠡᠨ ᠡᠴᠡ ᠡᠯᠭᠦᠵᠦ ᠠᠪᠤᠭᠠᠳ᠂
— ᠡᠷᠬᠢᠮ ᠪᠠᠭᠠᠲᠤᠷ᠂ ᠲᠡᠷᠡ ᠴᠢᠪᠠᠭᠠᠨᠴᠠ ᠶ᠋ᠢᠨ ᠬᠢ ᠶ᠋ᠢ ᠪᠢ ᠮᠡᠳᠡᠨ᠎ᠡ᠃ ᠡᠨᠡ ᠵᠡᠭᠦᠨ ᠬᠥᠲᠥᠯ ᠦ᠋ᠨ ᠴᠠᠭᠠᠨ᠎ᠠ ᠣᠢᠷᠠᠬᠠᠨ ᠰᠠᠭᠤᠳᠠᠭ ᠶᠤᠮ ᠭᠡᠬᠦ ᠳ᠋ᠦ᠍ᠨᠢ( ᠳ᠋ᠦ᠍ ᠨᠢ)᠂
— ᠵᠠ᠂ ᠲᠡᠭᠡᠪᠡᠯ᠂ ᠲᠡᠳᠡᠨᠡᠢᠳᠦ (ᠲᠡᠳᠡᠨ ᠦ᠌ ᠳ᠋ᠦ᠍) ᠣᠴᠢᠶ᠎ᠠ ᠭᠡᠵᠦ ᠥᠨᠥᠬᠢ ᠴᠡᠷᠢᠭ ᠢ᠋ ᠬᠠᠨᠠᠨ ᠳ᠋ᠤ᠌ ᠲᠦᠰᠢᠭᠦᠯᠦᠭᠰᠡᠨ ᠸᠢᠨᠲ᠋ᠣᠸ ᠫᠤᠤ ᠪᠠᠨ ᠠᠪᠴᠤ ᠪᠣᠰᠤᠮᠠᠭᠴᠠ᠂ ᠴᠡᠷᠡᠨ᠂
— ᠬᠥᠭᠡᠷᠦᠬᠦᠢ ᠸᠠᠩ ᠢ᠋ ᠣᠴᠢᠵᠤ ᠠᠯᠠᠬᠤ ᠨᠢ ᠳᠡ ᠭᠡᠵᠦ ᠭᠠᠰᠢᠭᠤᠳᠠᠨ ᠰᠢᠪᠡᠨᠡᠵᠦ᠂
— ᠪᠢ ᠠᠮᠢ ᠶ᠋ᠢ ᠨᠢ ᠣᠴᠢᠵᠤ ᠠᠪᠤᠷᠠᠶ᠎ᠠ ᠭᠡᠵᠦ ᠰᠢᠷᠴᠢᠨ᠂ ᠴᠡᠷᠡᠨ ᠳ᠋ᠦ᠍ ᠠᠶᠠᠷᠬᠠᠨ ᠬᠡᠯᠡᠭᠡᠳ᠂ ᠥᠨᠥᠳᠦᠭᠦᠯᠡ ᠶ᠋ᠢᠨ ᠬᠣᠢᠨ᠎ᠠ ᠠ᠋ᠴᠠ ᠪᠣᠰᠴᠤ ᠭᠠᠷᠤᠭᠰᠠᠨ ᠳ᠋ᠤ᠌ ᠴᠡᠷᠡᠨ᠂ ᠨᠥᠬᠥᠷ ᠢ᠋ᠶ᠋ᠡᠨ ᠦᠳᠡᠵᠦ᠂ ᠦᠭᠡ ᠳᠠᠭᠤ ᠦᠭᠡᠢ᠂ ᠴᠢᠮᠡᠭᠡ ᠦᠭᠡᠢ ᠲᠠᠭᠠᠯᠴᠠᠨ ᠭᠠᠷᠴᠠᠢ᠃
— ᠴᠢ ᠪᠠᠰᠠ ᠪᠢᠳᠡᠨ ᠲᠡᠢ ᠶᠠᠪᠤᠬᠤ ᠨᠢ ᠤᠤ? ᠪᠣᠯᠵᠠᠢ᠂ ᠪᠣᠯᠵᠠᠢ᠂ ᠮᠠᠨᠠᠢ(ᠮᠠᠨ ᠤ᠋) ᠨᠣᠶᠠᠨ ᠤ᠋ ᠲᠤᠰᠢᠶᠠᠯ ᠭᠦᠢᠴᠡ ᠲᠡᠭ(ᠭᠦᠢᠴᠡᠳᠦᠭ) ᠭᠡᠵᠦ ᠥᠨᠥᠬᠢ ᠴᠡᠷᠢᠭ ᠢᠨᠢᠶᠡᠮᠰᠦᠭᠯᠡᠪᠡ᠃
ᠨᠠᠮᠬᠠᠨ ᠬᠥᠲᠥᠯ ᠳᠡᠭᠡᠷ᠎ᠡ ᠭᠠᠷᠤᠭᠠᠳ᠂ ᠰᠢᠷᠴᠢᠨ ᠭᠡᠳᠡᠷᠭᠦ ᠪᠡᠨ ᠡᠷᠭᠢᠵᠦ ᠬᠠᠷᠠᠬᠤᠢ ᠳ᠋ᠤ᠌᠂ ᠴᠡᠷᠡᠨ᠂ ᠵᠢᠭᠠᠯ ᠬᠦᠦ ᠲᠡᠢᠭᠡᠨ( ᠲᠡᠢ ᠪᠡᠨ) ᠭᠡᠷ ᠦ᠋ᠨ ᠢ᠋ᠶ᠋ᠡᠨ ᠭᠠᠳᠠᠭ᠎ᠠ᠂ ᠪᠠᠷᠠᠭᠤᠨ ᠭᠠᠷ ᠢ᠋ᠶ᠋ᠠᠨ ᠡᠷᠭᠦᠨ ᠵᠠᠯᠪᠠᠷᠢᠵᠤ ᠵᠣᠭᠰᠣᠵᠤ ᠪᠠᠢᠭ᠎ᠠ ᠨᠢ ᠬᠠᠷᠠᠭᠳᠠᠪᠠ᠃
— ᠡᠮᠡᠭᠡᠨ ᠳᠠᠵᠢᠳ ᠤ᠋ᠨ ᠬᠢ ᠲᠡᠷᠡ ᠪᠠᠢᠨ᠎ᠠ ᠭᠡᠵᠦ ᠳ᠋ᠣᠢᠩᠬᠣᠷ ᠲᠠᠰᠢᠭᠤᠷ ᠢ᠋ᠶ᠋ᠠᠷ ᠢ᠋ᠶ᠋ᠠᠨ ᠪᠢᠴᠢᠬᠠᠨ ᠨᠥᠮᠥᠷᠢ ᠰᠤᠳᠠᠭ ᠲᠤ᠌ ᠬᠠᠷᠠᠭᠳᠠᠵᠤ ᠪᠠᠢᠭ᠎ᠠ ᠭᠤᠷᠪᠠᠨ ᠲᠣᠮᠣ ᠪᠣᠷᠣ ᠭᠡᠷ ᠢ᠋ ᠵᠢᠭᠠᠵᠠᠢ᠃ ᠮᠣᠷᠢᠨ ᠤ᠋ ᠤᠶᠠᠭᠠᠨ ᠳ᠋ᠤ᠌ ᠸᠠᠩ ᠤ᠋ᠨ ᠮᠣᠷᠢ ᠤᠶᠠᠭ᠎ᠠ ᠲᠠᠢ ᠪᠠᠢᠭ᠎ᠠ ᠶ᠋ᠢ ᠬᠠᠷᠠᠭᠠᠳ ᠰᠢᠷᠴᠢᠨ᠂ ᠦᠷ᠎ᠡ ᠬᠡᠦᠬᠡᠳ ᠢ᠋ᠶ᠋ᠡᠨ ᠥᠰᠬᠡᠵᠦ᠂ ᠠᠴᠢ ᠵᠢᠴᠢ ᠪᠡᠨ ᠦᠵᠡᠭᠰᠡᠨ ᠡᠮᠡᠭᠡᠨ ᠡᠬᠡ ᠬᠥᠮᠦᠨ᠂ ᠭᠠᠯ ᠭᠣᠯᠣᠮᠲᠠ ᠳ᠋ᠤᠨᠢ( ᠳ᠋ᠤ᠌ ᠨᠢ )ᠠᠮᠢ ᠭᠤᠶᠤᠵᠤ ᠢᠷᠡᠭᠰᠡᠨ ᠬᠥᠮᠦᠨ ᠢ᠋ ᠥᠮᠥᠭᠯᠡᠨ ᠬᠠᠮᠠᠭᠠᠯᠠᠬᠤ ᠡᠷᠲᠡᠨ ᠦ᠌ ᠶᠣᠰᠣ ᠪᠣᠢ ᠶ᠋ᠢ ᠰᠠᠨᠠᠭᠠᠳ᠂ ᠸᠠᠩ ᠤ᠋ᠨ ᠠᠮᠢ ᠲᠡᠨᠳᠡ ᠭᠠᠷᠴᠠᠢ! ᠭᠡᠵᠦ ᠠᠮᠠᠨ ᠳᠣᠲᠣᠷ᠎ᠠ ᠪᠠᠨ ᠰᠢᠪᠡᠨᠡᠨ᠂ ᠴᠡᠷᠢᠭ ᠳ᠋ᠣᠢᠩᠬᠣᠷ ᠬᠣᠶᠠᠷ ᠤ᠋ᠨ ᠬᠣᠢᠨ᠎ᠠ ᠠ᠋ᠴᠠ ᠭᠤᠶᠠᠳᠠᠨ ᠳᠠᠪᠬᠢᠪᠠ᠃ ᠲᠣᠮᠣ ᠭᠡᠭᠴᠢ ᠶ᠋ᠢᠨ ᠬᠣᠲᠠᠴᠢ ᠨᠣᠬᠠᠢ ᠶ᠋ᠢ ᠤᠷᠲᠤ ᠠ᠋ᠴᠠ ᠨᠢ ᠬᠤᠴᠠᠨ ᠬᠦᠷᠴᠦ ᠢᠷᠡᠬᠦ ᠳ᠋ᠦ᠍᠂
— ᠨᠣᠬᠠᠢ ᠪᠠᠨ ᠬᠣᠷᠢ ᠠ᠋! ᠭᠡᠵᠦ ᠳ᠋ᠣᠢᠩᠬᠣᠷ ᠬᠠᠰᠬᠢᠴᠠᠨ᠂ ᠮᠣᠷᠢᠨ ᠤ᠋ ᠤᠶᠠᠭᠠᠨ ᠤ᠋ ᠲᠡᠨᠳᠡ ᠬᠦᠷᠴᠦ ᠵᠣᠭᠰᠣᠪᠠ᠃ ᠪᠠᠷᠠᠭᠤᠨ ᠲᠠᠯ᠎ᠠ ᠶ᠋ᠢᠨ 《ᠶᠡᠬᠡ ᠭᠡᠷ》 ᠭᠡᠳᠡᠭ ᠲᠣᠮᠣ ᠭᠡᠷ ᠡᠴᠡ ᠸᠠᠩ ᠡᠪᠦᠭᠡᠨ᠂ ᠥᠨᠳᠥᠷ ᠨᠢᠷᠤᠭᠤ ᠲᠠᠢ᠂ ᠤᠷᠢᠳᠤ ᠲᠤᠢᠯ ᠤ᠋ᠨ ᠦᠵᠡᠰᠬᠦᠯᠡᠩᠲᠦ ᠭᠤᠸ᠎ᠠ ᠶᠠᠪᠤᠭᠰᠠᠨ ᠰᠢᠨᠵᠢ ᠢᠯᠡᠷᠬᠡᠢ ᠵᠢᠪᠬᠤᠯᠠᠩᠲᠤ ᠰᠠᠢᠬᠠᠨ ᠴᠢᠷᠠᠢ ᠲᠠᠢ ᠵᠡᠭᠦᠨ ᠡᠮᠡᠭᠡᠨ ᠭᠠᠷᠴᠤ ᠢᠷᠡᠪᠡ᠃ ᠰᠢᠷᠴᠢᠨ ᠦ᠌ ᠬᠢ ᠲᠡᠳᠡᠨ ᠦ᠌ ᠪᠠᠷᠠᠭᠤᠨ ᠲᠠᠢ ᠬᠠᠪᠤᠷᠵᠢᠶ᠎ᠠ ᠲᠠᠢ ᠤᠴᠢᠷ ᠠ᠋ᠴᠠ᠂ ᠲᠡᠷᠡ ᠡᠮᠡᠭᠡᠨ ᠢ᠋ ᠲᠡᠢᠨᠬᠦ(ᠲᠡᠢᠨ ᠬᠦ᠌)《ᠵᠡᠭᠦᠨ ᠡᠮᠡᠭᠡ ᠶ᠋ᠢᠨ ᠬᠢ》 ᠭᠡᠳᠡᠭ ᠪᠠᠢᠵᠠᠢ᠃ ᠵᠡᠭᠦᠨ ᠬᠣᠶᠠᠷ ᠭᠡᠷ ᠡᠴᠡ ᠨᠢ ᠴᠢᠯᠭᠡᠷ ᠰᠠᠢᠬᠠᠨ ᠪᠡᠶ᠎ᠡ ᠲᠡᠢ᠂ ᠥᠨᠳᠥᠷ ᠨᠢᠷᠤᠭᠤ ᠲᠠᠢ ᠬᠣᠶᠠᠷ ᠵᠠᠯᠠᠭᠤ ᠡᠬᠡᠨᠡᠷ᠂ ᠡᠳᠦᠢ ᠲᠡᠳᠦᠢ ᠣᠯᠠᠨ ᠪᠠᠭᠠᠴᠤᠳ ᠭᠠᠷᠴᠤ ᠢᠷᠡᠭᠡᠳ᠂ ᠬᠤᠴᠠᠯᠳᠤᠵᠤ ᠪᠠᠢᠭᠰᠠᠨ ᠨᠣᠬᠠᠢ ᠬᠣᠷᠢᠵᠤ ᠥᠭᠪᠡ᠃
— ᠠ᠂ ᠮᠠᠭᠤ ᠬᠠᠷ᠎ᠠ ᠭᠠᠮᠢᠩ ᠴᠢ ᠡᠨᠳᠡ ᠬᠣᠷᠭᠣᠳᠠᠵᠤ ᠪᠠᠢᠳᠠᠭ ᠶᠤᠮ ᠪᠣᠢ? ᠮᠥᠳᠳᠥ ᠴᠢ ᠦᠬᠦᠭᠰᠡᠨ ᠬᠠᠷ᠎ᠠ ᠡᠯᠵᠢᠭᠡ ᠪᠣᠯᠤᠨ᠎ᠠ ᠳᠠ᠃ ᠤᠷᠢᠳᠠᠪᠡᠷ ᠮᠢᠨᠦ ᠲᠠᠰᠢᠭᠤᠷ ᠤ᠋ᠨ ᠠᠮᠲᠠ ᠦᠵᠡ ᠭᠡᠳ ᠬᠦᠨᠳᠦ ᠰᠤᠮᠤᠨ ᠲᠠᠰᠢᠭᠤᠷ ᠢ᠋ᠶ᠋ᠠᠨ ᠳᠠᠯᠠᠢᠲᠠᠯᠠ᠂ ᠰᠢᠷᠴᠢᠨ ᠨᠢᠳᠦ ᠪᠡᠨ ᠭᠢᠯᠠᠯᠵᠠᠭᠤᠯᠤᠨ ᠤᠬᠤᠰᠬᠢᠵᠦ᠂ ᠸᠠᠩ ᠢ᠋ ᠬᠠᠯᠬᠠᠯᠠᠬᠤ ᠭᠡᠲᠡᠯ᠎ᠡ ᠵᠡᠭᠦᠨ ᠡᠮᠡᠭᠡ ᠲᠦᠷᠦᠭᠦᠯᠡᠵᠦ᠂ ᠭᠡᠷ ᠲᠦ᠍ ᠣᠷᠣ ᠭᠡᠵᠦ ᠸᠠᠩ ᠢ᠋ ᠲᠦᠯᠬᠢᠭᠡᠳ᠂ ᠪᠣᠰᠢᠭᠣ ᠣᠷᠣ ᠭᠡᠮ! ᠭᠡᠵᠦ ᠵᠠᠩᠳᠤᠴᠢᠵᠤ᠂ ᠪᠡᠶ᠎ᠡ ᠪᠡᠷ ᠢ᠋ᠶ᠋ᠡᠨ ᠲᠡᠭᠦᠨ ᠢ᠋ ᠬᠠᠯᠬᠠᠯᠠᠭᠠᠳ᠂
— ᠲᠠ᠂ ᠠᠯᠪᠠᠨ ᠤ᠋ ᠲᠣᠮᠣᠭ᠎ᠠ ᠲᠠᠢ ᠬᠥᠮᠦᠨ ᠮᠥᠷᠳᠡᠯ᠎ᠡ ᠪᠡᠨ ᠠᠢᠯ ᠤ᠋ᠨ ᠭᠠᠳᠠᠭ᠎ᠠ ᠢᠷᠡᠭᠡᠳ ᠠᠮᠤᠷ ᠮᠡᠨᠳᠦ ᠶ᠋ᠢ ᠠᠰᠠᠭᠤᠬᠤ ᠠ᠋ᠴᠠ ᠪᠠᠨ ᠡᠮᠦᠨ᠎ᠡ᠂ ᠨᠢᠳᠦᠨ ᠳ᠋ᠡᠭᠡᠨ( ᠳ᠋ᠦ᠍ ᠪᠡᠨ) ᠳᠠᠭᠠᠷᠢᠯᠳᠤᠭᠰᠠᠨ ᠬᠥᠮᠦᠨ ᠥᠭᠡᠳᠡ ᠬᠠᠯᠳᠠᠳᠠᠭ ᠲᠠᠨᠢ ᠶᠠᠭᠤ ᠪᠢᠯᠡ? ᠲᠣᠮᠣᠭ᠎ᠠ ᠲᠠᠢ ᠬᠥᠮᠦᠨ ᠢᠩᠭᠢᠵᠦ ᠶᠣᠰᠣ ᠠᠯᠳᠠᠵᠤ ᠪᠣᠯᠳᠠᠭ ᠶᠤᠮ ᠤᠤ? ᠲᠠ ᠤᠷᠢᠳᠠᠪᠡᠷ ᠭᠡᠷ ᠲᠦ᠍ ᠮᠣᠷᠢᠯᠠᠨ ᠣᠷᠣᠲᠤᠭᠠᠢ᠃ ᠴᠠᠢ ᠢᠳᠡᠭᠡᠨ ᠡᠴᠡ ᠠᠮᠰᠠᠲᠤᠭᠠᠢ᠃ ᠲᠡᠭᠡᠭᠡᠳ ᠬᠡᠳᠦ ᠨᠤᠲᠤᠭ ᠬᠠᠮᠢᠭ᠎ᠠ᠂ ᠬᠡᠷᠡᠭ ᠵᠣᠷᠢᠭ ᠬᠡᠨ ᠳ᠋ᠦ᠍ ᠪᠠᠢᠭ᠎ᠠ ᠪᠠᠨ ᠬᠡᠯᠡᠬᠦ ᠶᠦᠮ ᠪᠢᠰᠢᠦ? ᠭᠡᠬᠦ ᠳ᠋ᠦ᠍ᠨᠢ( ᠳ᠋ᠦ᠍ ᠨᠢ)᠂ ᠴᠣᠬᠣᠷ ᠴᠡᠷᠢᠭ ᠠᠮᠠᠨ ᠳᠣᠲᠣᠷ᠎ᠠ ᠪᠠᠨ ᠨᠢᠭᠡ ᠶᠠᠭᠤᠮ᠎ᠠ ᠬᠦᠩᠭᠢᠨᠡᠭᠡᠳ᠂ ᠴᠤᠯᠪᠤᠭᠤᠷ ᠢ᠋ᠶ᠋ᠠᠨ ᠳ᠋ᠣᠢᠩᠬᠣᠷ ᠲᠤ᠌ ᠥᠭᠴᠦ᠂ ᠴᠠᠭᠠᠳᠤᠬᠢ ᠨᠢ ᠴᠤᠯᠪᠤᠭᠤᠷ ᠢ᠋ ᠨᠢ ᠵᠢᠰᠤᠷᠳᠠᠨ ᠲᠣᠰᠴᠤ ᠠᠪᠤᠭᠠᠳ᠂ ᠮᠣᠷᠢ ᠶ᠋ᠢ ᠨᠢ ᠤᠶᠠᠭᠠᠨ ᠠ᠋ᠴᠠ ᠤᠶᠠᠪᠠ᠃ ᠴᠡᠷᠢᠭ᠂ ᠨᠤᠭᠤᠰᠤ ᠰᠢᠭ᠋ ᠠᠯᠴᠠᠭᠠᠨᠠᠵᠤ ᠶᠡᠬᠡ ᠭᠡᠷ ᠦ᠋ᠨ ᠵᠦᠭ ᠠᠯᠬᠤᠪᠠ᠃
ᠤᠷᠢᠳᠤ ᠰᠢᠷᠴᠢᠨ ᠲᠡᠢ ᠴᠣᠭ ᠴᠡᠷᠢᠭ ᠲᠦ᠍ ᠶᠠᠪᠤᠵᠤ ᠪᠠᠢᠭᠰᠠᠨ᠂ ᠥᠨᠳᠥᠷ ᠨᠢᠷᠤᠭᠤ ᠲᠠᠢ᠂ ᠥᠷᠭᠡᠨ ᠮᠥᠷᠥ ᠲᠡᠢ ᠶᠣᠨᠳᠣᠨ ᠡᠪᠦᠭᠡᠨ ᠭᠡᠷ ᠡᠴᠡ ᠭᠠᠷᠤᠭᠠᠳ᠂ ᠠᠶᠤᠵᠤ ᠰᠠᠨᠳᠤᠷᠤᠭᠰᠠᠨ ᠸᠠᠩ ᠢ᠋ ᠭᠡᠷ ᠲᠦ᠍ ᠣᠷᠣᠭᠤᠯᠤᠭᠠᠳ ᠥᠨᠥᠬᠢ ᠴᠡᠷᠢᠭ ᠦ᠋ᠨ ᠠᠮᠤᠷ ᠮᠡᠨᠳᠦ ᠶ᠋ᠢ ᠠᠰᠠᠭᠤᠲᠠᠯ᠎ᠠ᠂ ᠣᠭᠲᠣ ᠬᠠᠷᠢᠭᠤ ᠦᠭᠡᠢ ᠬᠠᠵᠠᠭᠤ ᠪᠠᠷ ᠨᠢ ᠥᠩᠭᠡᠷᠡᠬᠦ ᠳ᠋ᠦ᠍᠂ ᠬᠣᠢᠨ᠎ᠠ ᠠ᠋ᠴᠠ ᠨᠢ ᠦᠯᠦ ᠣᠢᠰᠢᠶᠠᠨ ᠬᠠᠷᠠᠵᠠᠢ᠃
ᠲᠡᠷᠡ ᠴᠡᠷᠢᠭ ᠭᠡᠷ ᠲᠦ᠍ ᠣᠷᠣᠭᠠᠳ᠂ ᠪᠠᠷᠠᠭᠤᠨ ᠬᠣᠢᠨ᠎ᠠ ᠨᠢ ᠶᠡᠬᠡᠷᠬᠡᠭ ᠪᠠᠢᠳᠠᠯ ᠲᠠᠢ ᠵᠠᠪᠢᠯᠠᠨ ᠰᠠᠭᠤᠭᠠᠳ᠂ ᠭᠡᠷ ᠦ᠋ᠨ ᠡᠵᠡᠨ ᠡᠮᠡᠭᠡᠨ ᠦ᠌ ᠵᠦᠭ᠂
— ᠪᠢᠳᠡ᠂ ᠵᠠᠮᠰᠥ᠋ᠷᠦᠩᠵᠠᠪ ᠪᠡᠢᠰᠡ ᠶ᠋ᠢᠨ ᠲᠤᠰᠢᠶᠠᠯ ᠢ᠋ᠶ᠋ᠠᠷ ᠮᠠᠭᠤ ᠭᠠᠮᠢᠩ ᠤ᠋ᠨ ᠭᠣᠣᠯ ᠢ᠋ ᠰᠠᠮᠨᠠᠬᠤ ᠭᠡᠵᠦ ᠢᠷᠡᠯ᠎ᠡ ᠭᠡᠲᠡᠯ᠎ᠡ᠂
— ᠰᠢᠷᠴᠢᠨ ᠪᠢᠳᠡ ᠬᠣᠶᠠᠷ᠂ ᠲᠡᠷᠡ ᠵᠠ᠊ ᠪᠡᠢᠰᠡ ᠶ᠋ᠢ ᠰᠠᠢᠨ ᠠ᠋ᠴᠠ ᠰᠠᠢᠨ ᠮᠡᠳᠡᠨ᠎ᠡ᠃ ᠡᠩ ᠦ᠋ᠨ ᠨᠣᠮᠣᠬᠠᠨ ᠢᠷᠭᠡᠨ ᠳ᠋ᠦ᠍ ᠲᠣᠭᠰᠢᠨ ᠪᠠᠭᠠᠲᠤᠷ ᠳᠠ᠃ ᠬᠠᠷᠢᠨ ᠲᠤᠯᠤᠯᠳᠤᠭᠠᠨ ᠳ᠋ᠤ᠌ ᠪᠢᠳᠡ ᠲᠡᠭᠦᠨ ᠢ᠋ ᠪᠠᠷ᠎ᠠ ᠶ᠋ᠢ ᠨᠢ ᠴᠦ᠍ ᠦᠵᠡᠭᠰᠡᠨ ᠤᠳᠠᠭ᠎ᠠ ᠦᠭᠡᠢ ᠪᠢᠯᠡ᠃ ᠬᠥᠮᠦᠨ ᠦ᠌ ᠭᠣᠣᠯ ᠢ᠋ ᠰᠠᠮᠨᠠᠬᠤ ᠭᠡᠵᠦ᠂ ᠮᠢᠬᠠᠰᠠᠪᠠᠤ ᠳᠠ᠂ ᠪᠡᠢᠰᠡ ᠮᠠᠨᠢ? ᠭᠡᠵᠦ ᠶᠣᠨᠳᠣᠨ ᠤ᠋ ᠵᠢᠪᠡᠭᠦᠷᠬᠡᠨ ᠳᠤᠤᠭᠠᠷᠪᠠᠰᠤ᠂ ᠲᠡᠷᠡ ᠴᠣᠬᠣᠷ ᠴᠡᠷᠢᠭ ᠮᠠᠦ᠋ᠽᠧᠷ ᠢ᠋ᠶ᠋ᠡᠨ ᠰᠢᠭᠦᠷᠦᠨ ᠦᠭᠡ ᠬᠡᠯᠡᠬᠦ ᠭᠡᠲᠡᠯ᠎ᠡ᠂ ᠭᠡᠨᠡᠳᠲᠡ ᠬᠠᠨᠢᠶᠠᠵᠤ ᠠᠮᠢᠰᠬᠤᠭ᠎ᠠ ᠪᠠᠨ ᠠᠪᠴᠤ ᠶᠠᠳᠠᠨ᠂ ᠬᠡᠩᠬᠦᠳᠡᠭ ᠢ᠋ᠶ᠋ᠡᠨ ᠪᠠᠵᠠᠯᠠᠨ ᠬᠠᠨᠢᠶᠠᠪᠠ᠃ ᠵᠡᠭᠦᠨ ᠡᠮᠡᠭᠡᠨ᠂ ᠰᠢᠷᠴᠢᠨ ᠦ᠌ ᠵᠦᠭ ᠭᠢᠯᠦᠢᠰᠬᠢᠨ ᠬᠠᠷᠠᠭᠠᠳ᠂
— ᠴᠢ ᠪᠠᠰᠠ ᠭᠣᠣᠯ ᠢ᠋ ᠨᠢ ᠰᠠᠮᠨᠠᠯᠴᠠᠬᠤ ᠭᠡᠵᠦ ᠢᠷᠡᠪᠡᠦ? ᠭᠡᠬᠦ ᠳ᠋ᠦ᠍ᠨᠢ( ᠳ᠋ᠦ᠍ ᠨᠢ)᠂
— ᠦᠭᠡᠢ᠂ ᠬᠢᠯᠢᠰ ᠦᠭᠡᠢ ᠬᠥᠭᠡᠷᠦᠬᠦᠢ ᠶ᠋ᠢ ᠴᠢᠳᠠᠪᠠᠯ ᠠᠮᠢ ᠶ᠋ᠢ ᠨᠢ ᠠᠪᠴᠤ᠂ ᠶᠠᠳᠠᠪᠠᠯ ᠥᠪᠡᠷ ᠦ᠋ᠨ ᠢ᠋ᠶ᠋ᠡᠨ ᠠᠮᠢ ᠪᠠᠷ ᠰᠣᠯᠢᠬᠤ ᠭᠡᠵᠦ ᠢᠷᠡᠯ᠎ᠡ ᠬᠡᠮᠡᠪᠡᠰᠦ᠂
— ᠡᠷ᠎ᠡ ᠬᠥᠮᠦᠨ ᠦ᠌ ᠯᠡ ᠬᠡᠯᠡᠳᠡᠭ ᠦᠭᠡ ᠪᠠᠢᠨ᠎ᠠ ᠳᠠ᠃ ᠵᠠ᠂ ᠠᠯᠪᠠᠨ ᠤ᠋ ᠡᠯᠴᠢ ᠴᠢ᠂ ᠡᠷᠲᠡᠨ ᠦ᠌ ᠳᠡᠭᠡᠳᠦᠰ ᠦ᠋ᠨ ᠶᠣᠰᠣ ᠬᠦᠨᠳᠦᠳᠬᠡᠳᠡᠭ ᠮᠣᠩᠭᠣᠯ ᠬᠥᠮᠦᠨ ᠯᠡ ᠶᠦᠮ ᠪᠣᠯ᠂ ᠡᠮᠡᠭᠡᠨ ᠮᠢᠨᠦ ᠦᠭᠡ ᠰᠣᠨᠣᠰ᠃ ᠡᠷᠬᠢᠮ ᠲᠡᠷᠡ ᠶᠣᠰᠣ ᠶ᠋ᠢ ᠴᠢ ᠪᠢᠳᠡ ᠬᠣᠶᠠᠷ ᠴᠣ ᠲᠣᠭᠲᠠᠭᠠᠭᠰᠠᠨ ᠶᠤᠮ ᠪᠢᠰᠢ᠂ ᠴᠢ ᠪᠢᠳᠡ ᠬᠣᠶᠠᠷ ᠴᠤ᠌ ᠡᠪᠳᠡᠨ ᠤᠰᠠᠳᠬᠠᠬᠤ ᠦᠭᠡᠢ ᠪᠠᠢᠬᠤ᠃ ᠡᠨᠡ ᠬᠥᠮᠦᠨ ᠭᠡᠵᠦ ᠸᠠᠩ ᠤ᠋ᠨ ᠵᠦᠭ ᠲᠣᠯᠣᠭᠠᠢ ᠪᠠᠨ ᠳᠣᠬᠢᠭᠠᠳ᠂ ᠬᠣᠷᠣᠬᠠᠢ ᠳ᠋ᠤ᠌ ᠬᠣᠣᠷ ᠦᠭᠡᠢ ᠨᠣᠮᠣᠬᠠᠨ ᠬᠥᠮᠦᠨ ᠭᠡᠳᠡᠭ ᠢ᠋ ᠪᠢᠳᠡ ᠪᠦᠭᠦᠳᠡ ᠮᠡᠳᠡᠵᠦ ᠪᠠᠢᠨ᠎ᠠ ᠭᠡᠳ ᠶᠡᠬᠡᠮᠰᠦᠭ ᠵᠢᠪᠬᠤᠯᠠᠩ ᠲᠠᠢ ᠲᠡᠷᠡ ᠡᠮᠡᠭᠡᠨ ᠬᠠᠨ᠎ᠠ ᠶ᠋ᠢᠨ ᠲᠣᠯᠣᠭᠠᠢ ᠠ᠋ᠴᠠ ᠡᠯᠭᠦᠭᠡᠰᠦᠲᠡᠢ ᠪᠠᠢᠭᠰᠠᠨ ᠮᠠᠯᠠᠭᠠᠢ ᠪᠠᠨ ᠠᠪᠴᠤ᠂ ᠵᠤᠯᠠᠢ ᠳᠡᠭᠡᠷ᠎ᠡ ᠪᠡᠨ ᠠᠷᠪᠠᠨ ᠬᠤᠷᠤᠭᠤ ᠪᠠᠷ ᠢ᠋ᠶ᠋ᠠᠨ ᠨᠠᠮᠪᠠᠭ᠎ᠠ ᠲᠠᠢ ᠪᠠᠷ ᠲᠠᠯᠪᠢᠵᠤ ᠡᠮᠦᠰᠦᠭᠡᠳ᠂ ᠭᠠᠯ ᠤ᠋ᠨ ᠢ᠋ᠶ᠋ᠠᠨ ᠡᠮᠦᠨ᠎ᠡ ᠶᠠᠭᠠᠷᠠᠯ ᠦᠭᠡᠢ ᠲᠥᠪ ᠪᠠᠢᠳᠠᠯ ᠲᠠᠢ ᠰᠠᠭᠤᠭᠠᠳ᠂ ᠵᠡᠰ ᠲᠠᠪᠠᠭ ᠠ᠋ᠴᠠ ᠲᠣᠰᠣ ᠠᠪᠴᠤ ᠭᠠᠯ ᠳ᠋ᠠᠭᠠᠨ(ᠳ᠋ᠤ᠌ ᠪᠠᠨ) ᠬᠢᠬᠦ ᠳ᠋ᠦ᠍ᠨᠢ( ᠳ᠋ᠦ᠍ ᠨᠢ)᠂ ᠲᠦᠷ ᠬᠢᠵᠦ ᠠᠰᠠᠪᠠ᠃ ᠡᠮᠡᠭᠡᠨ ᠭᠠᠯ ᠤ᠋ᠨ ᠢ᠋ᠶ᠋ᠠᠨ ᠬᠠᠢᠴᠢ ᠪᠠᠷᠢᠵᠤ᠂ ᠲᠤᠯᠭᠠᠨ ᠳ᠋ᠠᠭᠠᠨ (ᠳ᠋ᠤ᠌ ᠪᠠᠨ) ᠬᠠᠢᠴᠢᠨ ᠤ᠋ ᠪᠠᠨ ᠦᠵᠦᠭᠦᠷ ᠢ᠋ ᠲᠤᠯᠭᠠᠨ ᠬᠦᠷᠭᠡᠭᠡᠳ ᠲᠥᠪ ᠶᠡᠬᠡᠮᠰᠦᠭ ᠪᠠᠢᠳᠠᠯ ᠢ᠋ᠶ᠋ᠠᠷ ᠥᠭᠦᠯᠡᠷᠦᠨ᠄
— ᠬᠠᠭᠠᠨ ᠬᠠᠷᠠᠴᠤ᠂ ᠬᠠᠮᠤᠭ ᠪᠦᠭᠦᠳᠡᠭᠡᠷ ᠳᠠᠭᠠᠳᠠᠭ ᠡᠷᠲᠡᠨ ᠦ᠌ ᠡᠷᠬᠢᠮ ᠨᠢᠭᠡᠨ ᠶᠣᠰᠣ ᠪᠣᠢ᠃ ᠡᠷᠲᠡᠰ ᠳᠡᠭᠡᠳᠦᠰ ᠦ᠋ᠨ ᠮᠢᠨᠢ ᠡᠷᠬᠢᠮᠯᠡᠵᠦ᠂ ᠠᠴᠢ ᠦᠷ᠎ᠡ ᠶᠢᠨ ᠮᠢᠨᠢ ᠵᠠᠯᠭᠠᠬᠤ ᠭᠠᠯ ᠭᠣᠯᠣᠮᠲᠠ ᠳ᠋ᠤᠨᠢ( ᠳ᠋ᠤ᠌ ᠨᠢ) ᠠᠮᠢ ᠪᠠᠨ ᠲᠤᠰᠢᠶᠠᠨ ᠢᠷᠡᠵᠦ᠂ ᠳᠡᠭᠡᠳᠦᠰ ᠦ᠋ᠨ ᠮᠠᠨᠢ ᠳᠡᠭᠡᠵᠢ᠂ ᠰᠦ ᠴᠠᠭᠠᠨ ᠢᠳᠡᠭᠡᠨ ᠡᠴᠡ ᠠᠮᠰᠠᠨ ᠬᠠᠷᠢ ᠭᠠᠵᠠᠷ ᠤ᠋ᠨ ᠡᠨᠡ ᠳᠣᠲᠣᠷ᠎ᠠ ᠬᠥᠮᠦᠨ᠂ ᠨᠣᠶᠠᠳ ᠤ᠋ᠨ ᠵᠠᠰᠠᠭ ᠲᠤ᠌ ᠡᠷᠡᠰᠳᠡᠭᠰᠡᠨ ᠭᠡᠯᠡ ᠴᠦ᠍ ᠠᠴᠢ ᠦᠷ᠎ᠡ ᠶ᠋ᠢᠨ ᠢ᠋ᠶ᠋ᠡᠨ ᠭᠠᠯ ᠭᠣᠯᠣᠮᠲᠠ ᠶ᠋ᠢ ᠨᠢ ᠰᠠᠬᠢᠵᠤ ᠪᠠᠢᠭ᠎ᠠ ᠡᠬᠡ ᠪᠣᠯᠤᠭᠰᠠᠨ ᠮᠢᠨᠦ ᠪᠡᠶ᠎ᠡ ᠡᠨᠡ ᠬᠥᠮᠦᠨ ᠦ᠌ ᠠᠮᠢ ᠶ᠋ᠢ ᠳᠠᠭᠠᠭᠠᠨ ᠠᠪᠤᠯ᠎ᠠ᠃
ᠬᠠᠳᠠᠨ ᠲᠡᠮᠦᠷ ᠡᠴᠢᠭᠡ ᠳ᠋ᠦ᠍᠂
ᠬᠠᠢᠷ ᠴᠢᠯᠠᠭᠤᠨ ᠡᠬᠡ ᠳ᠋ᠦ᠍᠂
ᠡᠴᠢᠭᠡ ᠶ᠋ᠢᠨ ᠴᠠᠬᠢᠭᠰᠠᠨ
ᠡᠬᠡ ᠶ᠋ᠢᠨ ᠦᠯᠢᠶᠡᠭᠰᠡᠨ᠂
ᠰᠢᠷ᠎ᠠ ᠭᠢᠯᠭᠠᠨ᠎ᠠ ᠠᠮᠢᠳᠤ
ᠰᠢᠷ᠎ᠠ ᠲᠣᠰᠣᠨ ᠢᠳᠡᠰᠢᠲᠦ᠂
ᠰᠢᠷ᠎ᠠ ᠲᠡᠷᠢᠭᠦᠲᠦ ᠴᠠᠭᠠᠨ ᠬᠣᠨᠢᠨ ᠲᠠᠬᠢᠯᠭᠠᠲᠤ᠂
ᠥᠷᠭᠡᠨ ᠶᠡᠬᠡ ᠭᠣᠯᠣᠮᠲᠠ ᠶ᠋ᠢᠨ ᠮᠢᠨᠢ ᠭᠠᠯ!
ᠰᠢᠯᠢ ᠰᠠᠢᠲᠤ ᠬᠥᠪᠡᠭᠦᠳ ᠢ᠋ ᠮᠢᠨᠢ᠂
ᠰᠢᠪᠡᠷᠬᠡᠯ ᠰᠠᠢᠲᠤ ᠪᠡᠷᠭᠡᠳ ᠦ᠋ᠨ ᠮᠢᠨᠢ᠂
ᠱᠠᠩᠬᠤ ᠰᠠᠢᠲᠤ ᠥᠬᠢᠳ ᠢ᠋ ᠮᠢᠨᠢ ᠥᠰᠬᠡᠭᠰᠡᠨ
ᠥᠩᠭᠡᠲᠦ ᠨᠢᠳᠦᠲᠦ᠂ ᠥᠷᠭᠡᠨ ᠡᠩᠬᠡᠷᠲᠦ ᠣᠳᠬᠠᠨ ᠭᠠᠯᠠᠢᠬᠠᠨ ᠡᠬᠡ!
ᠥᠭᠡᠬᠦᠨ ᠲᠣᠰᠣᠨ ᠢ᠋ᠶ᠋ᠠᠷ ᠥᠴᠢᠨ ᠲᠠᠬᠢᠨᠠᠮ!
ᠠᠴᠢ ᠦᠷ᠎ᠡ ᠶ᠋ᠢᠨ ᠮᠢᠨᠢ ᠭᠠᠯ ᠭᠣᠯᠣᠮᠳᠠᠨ ᠳ᠋ᠤ᠌
ᠠᠮᠢ ᠪᠠᠨ ᠳᠠᠭᠠᠳᠬᠠᠭᠰᠠᠨ ᠬᠠᠷᠢ ᠭᠠᠵᠠᠷ ᠤ᠋ᠨ ᠡᠨᠡ ᠬᠦᠦ ᠶ᠋ᠢ
ᠬᠠᠷᠠᠨ ᠲᠡᠳᠬᠦᠨ ᠬᠠᠮᠠᠭᠠᠯᠠᠨ ᠰᠣᠶᠣᠷᠬ᠎ᠠ!
ᠬᠠᠷ᠎ᠠ ᠭᠡᠷ ᠦ᠋ᠨ ᠮᠢᠨᠢ ᠭᠠᠯ ᠤ᠋ᠨ ᠳᠡᠷᠭᠡᠳᠡ
ᠬᠠᠭᠠᠨ ᠦᠯᠦ ᠵᠠᠰᠠᠭᠯᠠᠲᠤᠭᠠᠢ!
ᠪᠣᠷᠣ ᠭᠡᠷ ᠦ᠋ᠨ ᠮᠢᠨᠢ ᠭᠠᠯ ᠤ᠋ᠨ ᠳᠡᠷᠭᠡᠳᠡ
ᠪᠣᠭᠳᠠ ᠦᠯᠦ ᠪᠣᠱᠣᠭᠯᠠᠲᠤᠭᠠᠢ!
ᠭᠡᠵᠦ ᠶᠣᠰᠣᠯᠠᠨ ᠥᠭᠦᠯᠡᠲᠡᠯᠡ᠂ ᠡᠪᠦᠭᠡᠨ ᠴᠡᠷᠢᠭ ᠶᠣᠨᠳᠣᠨ᠂
— ᠲᠠᠨ ᠤ᠋ ᠢᠷᠦᠭᠡᠯ ᠪᠠᠲᠤ ᠣᠷᠣᠰᠢᠬᠤ ᠪᠣᠯᠲᠤᠭᠠᠢ! ᠠᠮᠢᠳᠤ ᠪᠠᠢᠭ᠎ᠠ ᠴᠠᠭ ᠲᠠᠭᠠᠨ( ᠲᠤ ᠪᠠᠨ) ᠠᠬ᠎ᠠ ᠳᠡᠭᠦᠦ ᠪᠢᠳᠡ ᠲᠠᠨᠢ᠂ ᠠᠴᠢ ᠦᠷ᠎ᠡ ᠶᠢᠨ ᠲᠠᠨᠢ ᠭᠠᠯ ᠭᠣᠯᠣᠮᠲᠠ ᠶ᠋ᠢ ᠪᠤᠵᠠᠷᠯᠠᠭᠤᠯᠵᠤ᠂ ᠡᠬᠡ ᠪᠣᠯᠤᠭᠰᠠᠨ ᠲᠠᠨ ᠢ᠋ ᠪᠡᠨ ᠳᠠᠷᠤᠯᠠᠭᠤᠯᠬᠤ ᠦᠭᠡᠢ ᠭᠡᠵᠦ ᠰᠦᠷᠲᠡᠢ ᠬᠡᠯᠡᠬᠦ ᠳ᠋ᠦ᠍ᠨᠢ (ᠳ᠋ᠦ᠍ ᠨᠢ) ᠴᠣᠬᠣᠷ ᠴᠡᠷᠢᠭ᠂ ᠲᠡᠷᠡ ᠡᠷᠲᠡᠨ ᠦ᠌ ᠶᠣᠰᠣᠨ ᠤ᠋ ᠦᠭᠡ᠂ ᠡᠪᠦᠭᠡᠨ ᠶᠣᠨᠳᠣᠨ ᠤ᠋ ᠵᠣᠷᠢᠭᠲᠤ ᠦᠭᠡ ᠰᠣᠨᠣᠰᠤᠭᠠᠳ ᠵᠢᠷᠦᠬᠡᠨ ᠦ᠌ ᠬᠢᠨᠢ ᠬᠡᠢ ᠳᠠᠷᠤᠭᠳᠠᠵᠤ᠂ ᠪᠠᠷᠠᠭᠤᠨ ᠬᠣᠢᠨ᠎ᠠ ᠰᠦᠷ ᠪᠠᠳᠠᠷᠠᠭᠤᠯᠤᠨ ᠵᠠᠪᠢᠯᠠᠵᠤ ᠰᠠᠭᠤᠭᠰᠠᠨ ᠢ᠋ᠶ᠋ᠠᠨ ᠳᠣᠭᠣᠭᠰᠢ ᠪᠠᠨ ᠰᠢᠯᠵᠢᠵᠦ᠂ ᠵᠡᠭᠦᠨ ᠬᠥᠯ ᠳᠡᠭᠡᠷ᠎ᠡ ᠪᠡᠨ ᠪᠠᠷᠠᠭᠤᠨ ᠬᠥᠯ ᠦ᠋ᠨ ᠡᠪᠦᠳᠦᠭ ᠨᠤᠭᠤᠯᠤᠨ ᠰᠠᠭᠤᠭᠰᠠᠨ ᠨᠢ᠂ ᠲᠡᠷᠡ ᠭᠡᠷ ᠦ᠋ᠨ ᠭᠠᠯ ᠭᠣᠯᠣᠮᠲᠠ ᠶ᠋ᠢ ᠬᠦᠨᠳᠦᠳᠬᠡᠨ ᠬᠠᠮᠠᠭᠠᠯᠠᠨ᠎ᠠ ᠭᠡᠰᠡᠨ ᠡᠷᠲᠡᠨ ᠦ᠌ ᠶᠣᠰᠣ ᠶ᠋ᠢ ᠠᠷᠭ᠎ᠠ ᠦᠭᠡᠢ ᠳᠠᠭᠠᠵᠠᠢ᠃ ᠮᠣᠩᠭᠣᠯᠴᠤᠳ ᠤ᠋ᠨ ᠶᠣᠰᠣᠨ ᠳ᠋ᠤ᠌᠂ ᠭᠡᠷ ᠦ᠋ᠨ ᠪᠠᠷᠠᠭᠤᠨ ᠲᠠᠯ᠎ᠠ ᠳ᠋ᠤ᠌ ᠰᠠᠭᠤᠪᠠᠯ᠂ ᠵᠡᠭᠦᠨ ᠬᠥᠯ ᠦ᠋ᠨ ᠡᠪᠦᠳᠦᠭ ᠪᠣᠰᠬᠠᠨ᠂ ᠵᠡᠭᠦᠨ ᠲᠠᠯ᠎ᠠ ᠳ᠋ᠤ᠌ ᠰᠠᠭᠤᠪᠠᠯ᠂ ᠪᠠᠷᠠᠭᠤᠨ ᠬᠥᠯ ᠦ᠋ᠨ ᠡᠪᠦᠳᠦᠭ ᠪᠤᠰᠬᠠᠨ ᠰᠠᠭᠤᠳᠠᠭ ᠨᠢ ᠠᠢᠯ ᠭᠡᠷ ᠢ᠋ ᠬᠦᠨᠳᠦᠳᠬᠡᠵᠦ᠂ ᠠᠯᠢᠪᠠ ᠮᠠᠭᠤ ᠠ᠋ᠴᠠ ᠬᠠᠮᠠᠭᠠᠯᠠᠨ᠎ᠠ ᠭᠡᠰᠡᠨ ᠡᠷᠲᠡᠨ ᠦ᠌ ᠪᠡᠯᠭᠡ ᠲᠡᠮᠳᠡᠭᠲᠦ ᠡᠯᠢᠭᠡᠰᠡᠭ ᠨᠠᠢᠷᠰᠠᠭ ᠤ᠋ᠨ ᠶᠣᠰᠣ ᠪᠢᠯᠡ᠃
— ᠢᠷᠭᠡᠨ ᠮᠣᠩᠭᠣᠯ ᠨᠢᠭᠡᠨ ᠳᠣᠣᠷ᠎ᠠ ᠰᠠᠭᠤᠵᠤ ᠦᠯᠦ ᠪᠣᠯᠤᠨ᠎ᠠ ᠭᠡᠰᠡᠨ ᠪᠣᠭᠳᠠ ᠶ᠋ᠢᠨ ᠵᠠᠷᠯᠢᠭ᠂ ᠪᠠᠷᠤᠨ ᠵᠠᠩᠵᠤᠨ ᠤ᠋ ᠬᠠᠲᠠᠭᠤ ᠲᠤᠰᠢᠶᠠᠯ ᠪᠣᠢ᠃ ᠡᠨᠡ ᠬᠢᠲᠠᠳ ᠢ᠋ ᠪᠢᠳᠡ ᠠᠯᠠᠬᠤ ᠦᠭᠡᠢ᠂ ᠭᠠᠭᠴᠠ ᠨᠣᠶᠠᠨ ᠳ᠋ᠠᠭᠠᠨ ᠬᠦᠷᠭᠡᠵᠦ ᠲᠤᠰᠢᠶᠠᠨ᠎ᠠ ᠭᠡᠵᠦ ᠲᠡᠷᠡ ᠴᠣᠬᠣᠷ ᠴᠡᠷᠢᠭ ᠦ᠋ᠨ ᠬᠦᠩᠭᠢᠨᠡᠬᠦ ᠳ᠋ᠦ᠍᠂
— ᠢᠷᠭᠡᠨ ᠬᠥᠮᠦᠨ ᠦ᠌ ᠬᠢᠭᠰᠡᠨ ᠲᠣᠷᠭ᠎ᠠ ᠳᠠᠪᠤᠤ ᠶ᠋ᠢ ᠨᠢ ᠡᠮᠦᠰᠴᠦ ᠪᠣᠯᠬᠤ ᠦᠭᠡᠢ᠂ ᠬᠣᠭᠣᠯᠠ ᠬᠢᠬᠦ ᠳ᠋ᠡᠭᠡᠨ ᠲᠣᠭᠣᠭ᠎ᠠ ᠶ᠋ᠢ ᠨᠢ ᠬᠡᠷᠡᠭᠯᠡᠵᠦ ᠪᠣᠯᠬᠤ ᠦᠭᠡᠢ ᠤᠴᠢᠷ ᠠ᠋ᠴᠠ ᠬᠥᠮᠦᠨ ᠭᠥᠷᠥᠭᠡᠰᠦ ᠰᠢᠭ ᠨᠢᠴᠦᠭᠦᠨ ᠶᠠᠪᠤᠵᠤ᠂ ᠪᠣᠣᠬᠠᠢ ᠰᠢᠭ᠋ ᠲᠦᠭᠦᠬᠡᠢ ᠮᠢᠬ᠎ᠠ ᠢᠳᠡ ᠭᠡᠰᠡᠨ ᠲᠤᠰᠢᠶᠠᠯ ᠭᠠᠷᠤᠭᠰᠠᠨ ᠪᠢᠰᠢ ᠪᠢᠵᠡ? ᠨᠣᠶᠠᠨ ᠳ᠋ᠠᠭᠠᠨ ᠣᠴᠢᠵᠤ᠂ ᠡᠨᠡ ᠳᠣᠲᠣᠷ᠎ᠠ ᠬᠥᠮᠦᠨ ᠢ᠋ ᠠᠴᠢ ᠦᠷ᠎ᠡ ᠪᠡᠨ ᠡᠷᠭᠦᠵᠦ ᠬᠥᠮᠦᠨ ᠪᠣᠯᠭᠠᠭᠰᠠᠨ ᠡᠮᠡᠭᠡᠨ ᠡᠬᠡ ᠠᠮᠢ ᠶ᠋ᠢ ᠨᠢ ᠳᠠᠭᠠᠭᠠᠵᠤ ᠠᠪᠤᠭᠰᠠᠨ ᠭᠡᠵᠦ ᠬᠡᠯᠡᠭᠡᠷᠡᠢ! ᠭᠡᠬᠦ ᠳ᠋ᠦ᠍ᠨᠢ ( ᠳ᠋ᠦ᠍ ᠨᠢ)᠂ ᠴᠣᠬᠣᠷ ᠴᠡᠷᠢᠭ ᠳᠠᠭᠤ ᠦᠭᠡᠢ ᠪᠣᠰᠴᠤ ᠭᠠᠳᠠᠭᠰᠢ ᠪᠠᠨ ᠭᠠᠷᠪᠠ᠃ ᠬᠣᠢᠨ᠎ᠠ ᠠ᠋ᠴᠠ ᠨᠢ ᠳ᠋ᠤᠢᠩᠬᠣᠷ ᠰᠦ ᠳᠣᠯᠢᠶᠠᠭᠰᠠᠨ ᠭᠥᠯᠥᠭᠡ ᠰᠢᠭ ᠰᠡᠭᠦᠯ ᠢ᠋ᠶ᠋ᠡᠨ ᠬᠠᠪᠴᠢᠨ ᠭᠠᠷᠴᠤ᠂ ᠸᠠᠩ ᠡᠪᠦᠭᠡᠨ ᠶᠠᠭᠠᠷᠠᠨ ᠬᠣᠷᠮᠣᠢ ᠳᠡᠪᠢᠰᠦᠨ᠂ ᠵᠡᠭᠦᠨ ᠡᠮᠡᠭᠡᠨ ᠳ᠋ᠦ᠍ ᠮᠥᠷᠭᠥᠪᠡ᠃
— ᠪᠣᠰ᠂ ᠪᠣᠰ! ᠨᠠᠰᠤᠲᠠᠢ ᠡᠪᠦᠭᠡᠨ ᠬᠥᠮᠦᠨ᠂ ᠴᠢ ᠶᠠᠭᠤ ᠭᠡᠵᠦ ᠨᠠᠳᠠᠳᠤ ᠮᠥᠷᠭᠥᠵᠦ ᠪᠠᠢᠭ᠎ᠠ ᠬᠥᠮᠦᠨ ᠪᠣᠢ? ᠬᠠᠷᠠᠴᠤ ᠬᠥᠮᠦᠨ ᠪᠢᠳᠡ ᠪᠡᠶ᠎ᠡ ᠪᠡᠶ᠎ᠡ ᠳ᠋ᠡᠭᠡᠨ( ᠳ᠋ᠦ᠍ ᠪᠡᠨ) ᠡᠰᠡ ᠲᠤᠰᠠᠯᠠᠪᠠᠯ᠂ ᠬᠡᠨ ᠪᠢᠳᠡᠨ ᠳ᠋ᠦ᠍ ᠲᠤᠰᠠᠯᠠᠬᠤ ᠪᠣᠢ? ᠡᠨᠡ ᠭᠡᠷ ᠲᠦ᠍ ᠪᠠᠢᠭ᠎ᠠ ᠴᠠᠭ ᠲᠤ᠌ ᠴᠢᠨᠢ᠂ ᠡᠮᠡᠭᠡᠨ ᠪᠢ ᠴᠢᠨᠦ ᠠᠮᠢ ᠳᠠᠭᠠᠭᠠᠵᠤ ᠴᠢᠳᠠᠨ᠎ᠠ᠃ ᠡᠵᠡᠭᠦᠢ ᠲᠠᠯ᠎ᠠ ᠳ᠋ᠤ᠌ ᠬᠠᠷᠢᠨ ᠮᠡᠳᠡᠵᠦ ᠶᠠᠪᠤᠭᠠᠷᠠᠢ᠂ ᠮᠠᠭᠤ ᠤᠯᠤᠰ ᠠᠮᠢᠨ ᠳ᠋ᠤ᠌ ᠴᠢᠨᠢ ᠬᠣᠣᠷ ᠬᠢᠭᠦᠵᠢᠨ ᠭᠡᠵᠦ ᠦᠭᠡ ᠬᠡᠯᠡᠲᠡᠯ᠎ᠡ᠂ ᠭᠠᠳᠠᠨ᠎ᠠ ᠠ᠋ᠴᠠ ᠬᠦᠷᠡᠩ ᠤᠯᠠᠭᠠᠨ ᠴᠢᠷᠠᠢ ᠲᠠᠢ ᠳᠣᠷᠢᠭᠤᠨ ᠴᠣᠪᠣᠭᠣ ᠰᠢᠨᠵᠢ ᠲᠡᠢ ᠵᠢᠭᠠᠯ ᠬᠦᠦ ᠣᠷᠣᠵᠤ ᠢᠷᠡᠭᠡᠳ᠂ ᠪᠠᠷᠠᠭᠤᠨ ᠲᠠᠢ ᠪᠠᠢᠭᠰᠠᠨ ᠰᠢᠷᠴᠢᠨ ᠦ᠌ ᠵᠦᠭ ᠰᠢᠷᠲᠡᠨ᠂
— ᠰᠢᠷᠴᠢᠨ ᠭᠤᠸᠠᠢ᠂ ᠲᠡᠷᠡ ᠠᠭᠤᠷ ᠲᠠᠢ ᠡᠯᠴᠢ ᠲᠠᠨ ᠢ᠋ ᠳᠠᠭᠤᠳᠠᠵᠤ ᠪᠠᠢᠨ᠎ᠠ᠃ ᠳ᠋ᠤᠢᠩᠬᠤᠷ ᠭᠤᠸᠠᠢ᠂ ᠲᠠᠨ ᠢ᠋ ᠵᠠ᠊ ᠪᠠᠢᠰᠠ ᠳ᠋ᠤ᠌ ᠬᠦᠷᠭᠡᠵᠦ ᠥᠭᠭᠦᠶ᠎ᠡ ᠭᠡᠵᠦ ᠲᠡᠷᠡ ᠡᠯᠴᠢ ᠳ᠋ᠦ᠍ ᠬᠡᠯᠡᠭᠰᠡᠨ ᠰᠢᠦ ᠭᠡᠵᠦ ᠰᠢᠪᠡᠨᠡᠨ ᠬᠡᠯᠡᠪᠡ᠃
— ᠮᠠᠭᠤ ᠠ᠋ᠴᠠ ᠮᠠᠭᠤ᠂ ᠮᠣᠳᠣᠨ ᠠ᠋ᠴᠠ ᠬᠦ ᠭᠡᠵᠦ ᠲᠡᠷᠡ ᠲᠡᠭᠡᠬᠦ ᠡᠴᠡ ᠵᠠᠢᠯᠠᠬᠤ ᠦᠭᠡᠢ ᠬᠥᠮᠦᠨ᠃ ᠪᠣᠯᠭᠣᠮᠵᠢᠲᠠᠢ ᠶᠠᠪᠤᠭᠠᠷᠠᠢ ᠰᠢᠷᠴᠢᠨ ᠮᠢᠨᠢ᠂ ᠮᠠ᠂ ᠲᠡᠷᠡ ᠵᠠ᠊ ᠪᠠᠢᠰᠠ ᠳ᠋ᠤ᠌ ᠡᠨᠡ ᠪᠣᠷᠪᠢ ᠲᠠᠢ ᠰᠦ ᠠᠪᠠᠴᠢᠵᠤ ᠥᠭ᠃ ᠰᠦᠨ ᠦ᠌ ᠬᠠᠷᠢᠭᠤ ᠶ᠋ᠢ ᠠᠷᠠᠢ ᠴᠢᠰᠤ ᠪᠠᠷ ᠬᠠᠷᠢᠭᠤᠯᠬᠤ ᠦᠭᠡᠢ ᠪᠠᠢᠬ᠎ᠠ ᠭᠡᠵᠦ ᠨᠢᠭᠡ ᠪᠣᠷᠪᠢ ᠰᠦ ᠥᠭᠭᠦᠭᠡᠳ᠂ ᠬᠠᠷᠠᠳᠠᠨ ᠨᠤᠭᠤᠳ ᠤ᠋ᠨ ᠴᠢᠨᠢ ᠬᠠᠷ᠎ᠠ ᠰᠠᠨᠠᠭ᠎ᠠ ᠨᠢ ᠰᠦ ᠰᠢᠭ ᠴᠠᠭᠠᠨ ᠪᠣᠯᠤᠭ ᠭᠡᠵᠦ ᠢᠷᠥᠭᠡᠨ᠂ ᠰᠢᠷᠴᠢᠨ ᠳ᠋ᠦ᠍ ᠰᠦ ᠠᠮᠰᠠᠭᠤᠯᠤᠨ ᠮᠣᠷᠳᠠᠭᠤᠯᠪᠠ᠃
ᠴᠡᠷᠢᠭ ᠦ᠋ᠨ ᠬᠤᠸᠠᠷᠠᠨ ᠣᠷᠣᠬᠤ ᠵᠠᠮ ᠳ᠋ᠠᠭᠠᠨ( ᠳ᠋ᠤ᠌ ᠪᠠᠨ)ᠴᠣᠬᠣᠷ ᠴᠡᠷᠢᠭ ᠳ᠋ᠤᠢᠩᠬᠤᠷ ᠬᠣᠶᠠᠷ᠂ ᠶᠡᠷᠦ ᠰᠢᠷᠴᠢᠨ ᠲᠡᠢ ᠭᠠᠭᠴᠠ ᠴᠤ᠌ ᠦᠭᠡ ᠰᠣᠯᠢᠭᠰᠠᠨ ᠦᠭᠡᠢ᠃ ᠴᠢᠩᠭᠢᠭᠡᠳ᠂ ᠬᠦᠷᠢᠶᠡᠯᠡᠨ ᠪᠠᠭᠤᠭᠰᠠᠨ ᠬᠤᠸᠠᠷᠠᠨ ᠤ᠋ ᠤᠲᠤᠭ᠎ᠠ ᠪᠣᠯᠤᠭᠰᠠᠨ ᠬᠠᠭᠤᠴᠢᠨ ᠬᠠᠷ᠎ᠠ ᠮᠠᠢᠬᠠᠨ ᠨᠤᠭᠤᠳ ᠤ᠋ᠨ ᠲᠡᠨᠳᠡ ᠬᠦᠷᠦᠭᠡᠳ᠂ ᠲᠡᠷᠡ ᠴᠡᠷᠢᠭ᠂ ᠰᠢᠷᠴᠢᠨ ᠢ᠋ ᠨᠢᠭᠡ ᠮᠠᠢᠬᠠᠨ ᠳ᠋ᠤ᠌ ᠣᠷᠣᠭᠤᠯᠤᠭᠠᠳ᠂ ᠳ᠋ᠤᠢᠩᠬᠤᠷ ᠲᠠᠢ ᠬᠣᠶᠠᠭᠤᠯᠠ ᠪᠠᠨ ᠵᠠᠮᠰᠦ᠋ᠷᠦᠩᠵᠠᠪ ᠪᠠᠢᠰᠠ ᠳ᠋ᠤ᠌ ᠠᠢᠯᠠᠳᠬᠠᠬᠤ ᠭᠡᠵᠦ ᠣᠯᠠᠨ ᠮᠠᠢᠬᠠᠨ ᠤ᠋ ᠲᠥᠪ ᠳᠤᠮᠳᠠ᠂ ᠡᠭᠦᠳᠡᠨ ᠳ᠋ᠡᠭᠡᠨ( ᠳ᠋ᠦ᠍ ᠪᠡᠨ) ᠲᠤᠭ ᠵᠤᠭᠤᠯᠲᠠ ᠲᠠᠢ ᠤᠯᠠᠭᠠᠨ ᠬᠠᠯᠵᠠᠨ ᠲᠣᠮᠣ ᠭᠡᠷ ᠤᠷᠤᠭᠤ ᠣᠷᠣᠵᠠᠢ᠃
ᠰᠢᠷᠴᠢᠨ ᠦ᠌ ᠪᠠᠭᠤᠭᠰᠠᠨ ᠮᠠᠢᠬᠠᠨ ᠤ᠋ ᠡᠭᠦᠳᠡᠨ ᠳ᠋ᠦ᠍ ᠴᠠᠢ ᠴᠢᠨᠠᠵᠤ ᠪᠠᠢᠭᠰᠠᠨ ᠡᠪᠦᠭᠡᠨ ᠴᠡᠷᠢᠭ᠂ ᠮᠠᠨᠠᠢᠬᠢᠨ (ᠮᠠᠨ ᠤ᠋ ᠬᠢᠨ) ᠤᠯᠢᠶᠠᠰᠤᠲᠠᠢ ᠣᠷᠣᠬᠤ ᠵᠠᠮ ᠳ᠋ᠠᠭᠠᠨ( ᠳ᠋ᠤ᠌ ᠪᠠᠨ) ᠡᠨᠳᠡ ᠤᠨᠤᠭ᠎ᠠ ᠪᠠᠨ ᠲᠦᠷ ᠠᠮᠠᠷᠠᠭᠠᠬᠤ ᠭᠡᠵᠦ ᠬᠤᠸᠠᠷᠠᠩᠨᠠᠨ ᠪᠠᠭᠤᠯ᠎ᠠ ᠭᠡᠵᠦ ᠶᠠᠷᠢᠭᠠᠳ᠂ ᠴᠢᠨᠦ ᠡᠨᠡ ᠠᠪᠴᠤ ᠶᠠᠪᠤᠭ᠎ᠠ ᠶᠠᠭᠤᠮ᠎ᠠ ᠴᠢᠨᠢ ᠰᠦ ᠪᠢᠰᠢ ᠪᠢᠵᠡ᠂ ᠴᠠᠢ ᠰᠦᠯᠡᠬᠦ ᠶ᠋ᠢ ᠵᠢᠭᠠᠯᠬᠠᠨ ᠥᠭᠭᠦᠨ᠎ᠡ ᠤᠤ? ᠭᠡᠵᠦ ᠭᠤᠶᠤᠭᠠᠳ᠂ ᠶᠠᠮᠠᠷ ᠭᠠᠢ ᠳᠠᠭᠠᠷᠢᠯᠳᠤᠵᠤ ᠴᠢ ᠮᠢᠨᠢ᠂ ᠮᠠᠨᠠᠢ(ᠮᠠᠨ ᠤ᠋) ᠲᠠᠪᠢᠨ ᠤ᠋ ᠳᠠᠷᠤᠭ᠎ᠠ ᠲᠠᠢ ᠳᠠᠭᠠᠷᠢᠯᠳᠤᠴᠢᠬᠤᠪ (ᠳᠠᠭᠠᠷᠢᠯᠳᠤᠴᠢᠬᠠᠪᠠ)ᠠ᠋? ᠬᠥᠮᠦᠨ ᠦ᠌ ᠦᠨᠦᠷ ᠦᠭᠡᠢ ᠠᠮᠢᠲᠠᠨ ᠭᠡᠵᠦ ᠮᠠᠨᠠᠢ(ᠮᠠᠨ ᠤ᠋) ᠴᠡᠷᠢᠭ ᠲᠡᠭᠦᠨ ᠢ᠋ ᠮᠠᠩᠭᠤᠰ ᠲᠠᠢᠵᠢ ᠭᠡᠵᠦ ᠨᠡᠷᠡᠯᠡᠳᠡᠭ ᠶᠦᠮ ᠰᠢᠦ᠃ ᠣᠷᠣᠭ᠎ᠠ ᠨᠢ ᠣᠷᠣᠭ᠎ᠠ ᠪᠠᠨ᠂ ᠵᠢᠷᠣᠭ᠎ᠠ ᠨᠢ ᠵᠢᠷᠣᠭ᠎ᠠ ᠪᠠᠨ ᠭᠡᠵᠦ᠂ ᠵᠠᠮᠰᠥ᠋ᠷᠦᠩᠵᠠᠪ ᠲᠡᠷᠡ ᠬᠣᠶᠠᠷ ᠮᠥᠨ ᠲᠠᠭᠠᠷᠠᠭᠰᠠᠨ ᠤᠯᠤᠰ᠃ ᠬᠠᠷᠢᠨ ᠴᠢᠨᠦ ᠠᠴᠢ ᠪᠠᠷ ᠮᠠ᠊ ᠪᠡᠢᠰᠡ ᠬᠦᠷᠴᠦ ᠢᠷᠡᠭᠡᠳ ᠪᠠᠢᠭ᠎ᠠ ᠰᠢᠦ ᠭᠡᠬᠦ ᠳ᠋ᠦ᠍ᠨᠢ( ᠳ᠋ᠦ᠍ ᠨᠢ) ᠰᠢᠷᠴᠢᠨ ᠬᠠᠭᠤᠴᠢᠨ ᠴᠡᠷᠢᠭ ᠪᠠᠢᠬᠤ ᠳ᠋ᠤ᠌ ᠶᠠᠪᠤᠯᠴᠠᠵᠤ ᠪᠠᠢᠭᠰᠠᠨ ᠮᠠᠭᠰᠤᠷᠵᠠᠪ ᠵᠠᠩᠵᠤᠨ ᠤ᠋ ᠪᠠᠨ ᠨᠡᠷ᠎ᠡ ᠰᠣᠨᠣᠰᠤᠭᠠᠳ ᠶᠡᠬᠡᠯ᠎ᠡ(ᠶᠡᠬᠡ ᠯᠡ) ᠪᠠᠶᠠᠷᠯᠠᠵᠤ᠂ ᠲᠡᠷᠡ ᠡᠪᠦᠭᠡᠨ ᠴᠡᠷᠢᠭ ᠡᠴᠡ ᠨᠠᠷᠢᠪᠴᠢᠯᠠᠨ ᠠᠰᠠᠭᠤᠬᠤ ᠭᠡᠲᠡᠯ᠎ᠡ᠂ ᠮᠠᠢᠬᠠᠨ ᠤ᠋ ᠭᠠᠳᠠᠨ᠎ᠠ ᠬᠥᠮᠦᠨ ᠭᠦᠶᠦᠬᠦ ᠴᠢᠮᠡᠭᠡ ᠰᠣᠨᠣᠰᠳᠠᠨ ᠨᠢᠭᠡ ᠵᠠᠯᠠᠭᠤ ᠴᠡᠷᠢᠭ ᠣᠷᠣᠵᠤ ᠢᠷᠡᠭᠡᠳ᠂
— ᠰᠢᠷᠴᠢᠨ ᠭᠡᠳᠡᠭ ᠬᠥᠮᠦᠨ ᠲᠠ ᠤᠤ? ᠨᠣᠶᠠᠨ᠂ ᠲᠠᠨ ᠢ᠋ ᠳᠠᠭᠤᠳᠠᠵᠤ ᠪᠠᠢᠨ᠎ᠠ ᠬᠡᠮᠡᠪᠡᠰᠦ᠂
— ᠪᠢ ᠪᠠᠢᠨ᠎ᠠ ᠭᠡᠳ ᠥᠨᠥᠬᠢ ᠪᠣᠷᠪᠢ ᠲᠠᠢ ᠰᠦ ᠪᠡᠨ ᠠᠪᠤᠭᠠᠳ᠂ ᠴᠡᠷᠢᠭ ᠦ᠋ᠨ ᠨᠣᠶᠠᠨ ᠤ᠋ ᠦᠷᠭᠦᠭᠡᠨ ᠳ᠋ᠦ᠍ ᠳᠠᠭᠠᠭᠠᠳ ᠣᠷᠣᠵᠠᠢ᠃
ᠬᠣᠢᠮᠣᠷ ᠨᠢ ᠮᠠᠭᠰᠤᠷᠵᠠᠪ ᠪᠠᠢᠰᠠ ᠰᠠᠭᠤᠵᠤ᠂ ᠳᠣᠣᠷ᠎ᠠ ᠨᠢ ᠶᠡᠬᠡᠯ᠎ᠡ(ᠶᠡᠬᠡ ᠯᠡ) ᠥᠲᠡᠯᠦᠭᠰᠡᠨ ᠣᠪᠣᠷ ᠲᠠᠢ ᠵᠠᠮᠰᠥ᠋ᠷᠦᠩᠵᠠᠪ ᠲᠠᠢᠵᠢ ᠮᠠᠰᠢ ᠵᠢᠰᠤᠷᠴᠢ ᠪᠠᠢᠳᠠᠯ ᠦᠵᠡᠭᠦᠯᠦᠨ ᠨᠢᠯᠪᠠᠭᠠᠨᠠᠵᠤ ᠪᠠᠢᠭᠰᠠᠨ ᠢ᠋ᠶ᠋ᠠᠨ ᠰᠢᠷᠴᠢᠨ ᠦ᠌ ᠰᠥᠭᠥᠳᠦᠨ ᠶᠣᠰᠣᠯᠠᠬᠤ ᠳ᠋ᠤ᠌ ᠣᠭᠲᠣ ᠬᠠᠷᠢᠭᠤ ᠶᠣᠰᠣᠨ ᠤ᠋ ᠦᠭᠡ ᠬᠡᠯᠡᠯ ᠦᠭᠡᠢ᠂ ᠬᠥᠮᠥᠰᠬᠡ ᠪᠡᠨ ᠵᠠᠩᠭᠢᠳᠴᠤ ᠬᠦᠢᠲᠡᠨ ᠢ᠋ᠶ᠋ᠡᠷ ᠥᠭᠦᠯᠡᠷᠦᠨ᠄
— ᠮᠠᠭᠤ ᠪᠣᠭᠣᠯ ᠴᠢ᠂ ᠶᠠᠮᠠᠷ ᠠᠶᠤᠮᠰᠢᠭ ᠦᠭᠡᠢ᠂ ᠳᠠᠢᠰᠤᠨ ᠭᠠᠮᠢᠩ ᠢ᠋ ᠳᠠᠷᠤᠨ ᠨᠢᠭᠤᠵᠤ ᠠᠭᠤᠯᠳᠠᠭ ᠪᠢᠯᠡ? ᠬᠡᠮᠡᠪᠡᠰᠦ᠂
— ᠪᠠᠢᠵᠠ᠂ ᠡᠨᠡ ᠴᠢᠨᠢ ᠮᠢᠨᠦ ᠬᠠᠭᠤᠴᠢᠨ ᠴᠡᠷᠢᠭ ᠪᠠᠢᠬᠤ ᠰᠢᠪ᠃ ᠴᠢ᠂ ᠲᠡᠷᠡ ᠵᠢᠯ ᠮᠢᠨᠦ ᠴᠡᠷᠢᠭ ᠲᠦ᠍ ᠶᠠᠪᠤᠭᠰᠠᠨ ᠪᠠᠢᠬ᠎ᠠ ? ᠭᠡᠵᠦ ᠮᠠ᠊ ᠪᠠᠢᠰᠠ᠂ ᠰᠢᠷᠴᠢᠨ ᠡᠴᠡ ᠠᠰᠠᠭᠤᠪᠠᠰᠤ᠂
— ᠵᠠ᠂ ᠪᠢ ᠬᠣᠪᠲᠣ ᠶ᠋ᠢ ᠪᠠᠢᠯᠳᠤᠬᠤ ᠠ᠋ᠴᠠ ᠡᠬᠢᠯᠡᠨ᠂ ᠡᠮᠦᠨ᠎ᠡ ᠬᠢᠵᠠᠭᠠᠷ ᠤ᠋ᠨ ᠵᠡᠷᠭᠡ ᠭᠠᠵᠠᠷ ᠵᠠᠩᠵᠤᠨ ᠤ᠋ ᠴᠡᠷᠢᠭ ᠲᠦ᠍ ᠶᠠᠪᠤᠭᠰᠠᠨ ᠪᠢᠯᠡ ᠭᠡᠵᠦ ᠰᠢᠷᠴᠢᠨ ᠦ᠌ ᠬᠠᠷᠢᠭᠤᠯᠬᠤ ᠳ᠋ᠤ᠌᠂
— ᠲᠡᠷᠡ ᠭᠠᠮᠢᠩ ᠭᠡᠳᠡᠭ ᠴᠢᠨᠢ᠂ ᠴᠣᠬᠣᠮ ᠶᠠᠮᠠᠷ ᠬᠥᠮᠦᠨ ᠪᠣᠢ? ᠡᠨᠳᠡ ᠰᠣᠨᠣᠰᠪᠠᠯ᠂ ᠴᠢᠮᠠᠶ᠋ᠢ(ᠴᠢᠮ᠎ᠠ ᠶ᠋ᠢ)ᠳᠠᠢᠰᠤᠨ ᠭᠠᠮᠢᠩ ᠲᠠᠢ ᠰᠠᠨᠠᠭ᠎ᠠ ᠨᠡᠢᠯᠡᠵᠦ᠂ ᠲᠡᠭᠦᠨ ᠢ᠋ ᠨᠢᠭᠤᠨ ᠳᠠᠯᠳᠠᠯᠠᠵᠤ ᠪᠠᠢᠳᠠᠭ ᠶᠤᠮ ᠭᠡᠵᠦ ᠬᠡᠯᠡᠯᠴᠡᠵᠦ ᠪᠠᠢᠨ᠎ᠠ᠃ ᠭᠡᠪᠡᠴᠦ᠂ ᠮᠢᠨᠦ ᠪᠣᠳᠣᠬᠤ ᠳ᠋ᠤ᠌ ᠴᠢᠮ᠎ᠠ ᠠ᠋ᠴᠠ ᠦᠨᠡᠨ ᠬᠤᠳᠠᠯ ᠢ᠋ ᠢᠯᠭᠠᠵᠤ ᠠᠰᠠᠭᠤᠵᠤ᠂ ᠤᠴᠢᠷ ᠢ᠋ ᠮᠠᠲᠠᠮᠠᠷ ᠰᠠᠨᠠᠭᠳᠠᠵᠤ ᠪᠠᠢᠨ᠎ᠠ᠃ ᠡᠨᠡ ᠬᠥᠮᠦᠨ ᠦ᠌ ᠦᠭᠡ ᠶ᠋ᠢ ᠨᠢ ᠰᠣᠨᠣᠰᠪᠠᠯ ᠶᠠᠭᠠᠬᠢᠨ᠎ᠠ? ᠭᠡᠵᠦ ᠵᠠᠮᠰᠥ᠋ᠷᠦᠩᠵᠠᠪ ᠪᠡᠢᠰᠡ ᠶ᠋ᠢᠨ ᠵᠦᠭ ᠬᠠᠷᠠᠲᠠᠯ᠎ᠠ᠂ ᠲᠡᠷᠡ ᠨᠢ ᠵᠢᠰᠤᠷᠳᠠᠵᠤ᠂ ᠶᠠᠭᠠᠷᠠᠨ ᠲᠣᠰᠴᠤ ᠠᠪᠤᠭᠠᠳ᠂
— ᠮᠢᠨᠦ ᠰᠠᠨᠠᠭ᠎ᠠ ᠲᠠᠨ ᠤ᠋ ᠲᠠᠢ ᠶᠠᠪ ᠴᠠᠪ ᠨᠡᠢᠯᠡᠯᠴᠡᠪᠡ ᠭᠡᠵᠦ ᠬᠠᠷᠢᠭᠤ ᠬᠡᠯᠡᠵᠡᠢ᠃
— ᠵᠠ᠂ ᠲᠡᠭᠡᠪᠡᠯ᠂ ᠲᠡᠷᠡ ᠬᠡᠷᠡᠭ ᠪᠤᠳᠤᠯᠢᠶᠠᠨ ᠢ᠋ᠶ᠋ᠠᠨ ᠨᠢᠭᠡ ᠰᠠᠢᠬᠠᠨ ᠭᠡᠭᠴᠢ ᠪᠡᠷ ᠶᠠᠷᠢᠵᠤ᠂ ᠤᠴᠢᠷ ᠪᠠᠢᠳᠠᠯ ᠢ᠋ ᠢᠯᠡᠷᠬᠡᠢ ᠲᠣᠳᠣᠷᠬᠠᠢ ᠪᠣᠯᠭᠠᠵᠤ ᠥᠭ ᠭᠡᠵᠦ ᠮᠠ᠊ ᠪᠡᠢᠰᠡ ᠶ᠋ᠢᠨ ᠬᠡᠯᠡᠬᠦ ᠳ᠋ᠦ᠍᠂ ᠰᠢᠷᠴᠢᠨ ᠥᠨᠥᠬᠢ ᠸᠠᠩ ᠣᠪᠣᠭᠲᠤ ᠶ᠋ᠢᠨ ᠲᠡᠦᠬᠡ ᠪᠠᠢᠳᠠᠯ ᠢ᠋ ᠨᠢᠭᠡᠳ ᠨᠢᠭᠡᠨ ᠦᠭᠡᠢ ᠲᠣᠭᠠᠴᠢᠨ ᠶᠠᠷᠢᠵᠤ ᠥᠭᠪᠡ᠃
ᠮᠠᠭᠰᠤᠷᠵᠠᠪ ᠪᠡᠢᠰᠡ᠂ ᠰᠢᠷᠴᠢᠨ ᠦ᠌ ᠦᠭᠡ ᠶ᠋ᠢ ᠰᠣᠨᠣᠰᠴᠤ ᠰᠠᠭᠤᠬᠤ ᠳ᠋ᠠᠭᠠᠨ( ᠳ᠋ᠤ᠌ ᠪᠠᠨ)᠂ ᠬᠠᠶᠠ ᠬᠠᠶᠠ ᠬᠥᠮᠥᠰᠬᠡ ᠪᠡᠨ ᠠᠲᠤᠷᠢᠭᠤᠯᠤᠨ᠂ ᠡᠭᠦᠳᠡᠨ ᠦ᠌ ᠵᠦᠭ ᠡᠪᠦᠳᠦᠭ ᠨᠤᠭᠤᠯᠤᠨ ᠰᠠᠭᠤᠵᠤ ᠪᠠᠢᠭᠰᠠᠨ ᠮᠠᠩᠭᠤᠰ ᠲᠠᠢᠵᠢ ᠳ᠋ᠤᠢᠩᠬᠤᠷ ᠬᠣᠶᠠᠷ ᠢ᠋ ᠰᠢᠷᠪᠢᠨ ᠬᠠᠷᠠᠵᠤ᠂ ᠰᠢᠷᠴᠢᠨ ᠢ᠋ ᠶᠠᠷᠢᠵᠤ ᠭᠦᠢᠴᠡᠮᠡᠭᠴᠡ᠄
— ᠵᠠ ᠲᠡᠢᠮᠦ ᠪᠠᠢᠵᠤ᠂ ᠤᠴᠢᠷ ᠢ᠋ ᠮᠡᠳᠡᠯ᠎ᠡ᠃ ᠲᠡᠢᠨ ᠦ᠌ ᠭᠠᠵᠠᠷ ᠳᠠᠢᠰᠤᠨ ᠲᠠᠢ ᠲᠤᠯᠬᠤ ᠳ᠋ᠠᠭᠠᠨ (ᠳ᠋ᠤ᠌ ᠪᠠᠨ)᠂ ᠪᠢ ᠵᠡᠪᠰᠡᠭ ᠢ᠋ᠶ᠋ᠡᠨ ᠪᠠᠷᠢᠭᠰᠠᠨ ᠡᠰᠡᠷᠭᠦᠴᠡᠯ ᠡᠲᠡᠭᠡᠳ ᠢ᠋ ᠦᠯᠦ ᠥᠷᠥᠰᠢᠶᠡᠬᠦ ᠪᠢᠯᠡ᠃ ᠭᠠᠭᠴᠠ ᠬᠦ᠌ ᠡᠩ ᠦ᠋ᠨ ᠨᠣᠮᠣᠬᠠᠨ ᠢᠷᠭᠡᠨ ᠳ᠋ᠦ᠍ ᠶᠣᠰᠣᠨ ᠪᠤᠰᠤ ᠪᠠᠷ ᠬᠠᠯᠳᠠᠭᠰᠠᠨ ᠤᠳᠠᠭ᠎ᠠ ᠦᠭᠡᠢ᠃ ᠰᠢᠷᠴᠢᠨ ᠴᠢᠮᠠᠲᠤ (ᠴᠢᠮ᠎ᠠ ᠳ᠋ᠤ᠌)᠂ ᠲᠡᠷᠡ ᠵᠡᠭᠦᠨ ᠡᠮᠡᠭᠡᠨ ᠳ᠋ᠦ᠍ ᠴᠢᠨᠢ ᠭᠡᠮ ᠦᠭᠡᠢ ᠬᠥᠮᠦᠨ ᠢ᠋ ᠬᠢᠯᠢᠰ ᠦᠭᠡᠢ ᠠᠮᠢ ᠠᠪᠤᠷᠠᠭᠰᠠᠨ ᠳ᠋ᠤ᠌ ᠲᠠᠯ᠎ᠠ ᠥᠭᠭᠦᠶ᠎ᠡ᠃ ᠡᠮᠡᠭᠡᠨ ᠳ᠋ᠡᠭᠡᠨ( ᠳ᠋ᠦ᠍ ᠪᠡᠨ) ᠡᠨᠡ ᠬᠠᠳᠠᠭ ᠮᠢᠨᠦ ᠡᠮᠦᠨ᠎ᠡ ᠡᠴᠡ ᠪᠠᠷᠢᠭᠠᠷᠠᠢ ᠭᠡᠵᠦ ᠡᠪᠦᠷ ᠡᠴᠡ ᠪᠡᠨ ᠠᠶᠤᠰᠢ ᠬᠠᠳᠠᠭ ᠭᠠᠷᠭᠠᠵᠤ ᠥᠭᠭᠦᠭᠰᠡᠨ ᠳ᠋ᠦ᠍᠂ ᠰᠢᠷᠴᠢᠨ ᠬᠠᠭᠤᠴᠢᠨ ᠵᠠᠩᠵᠤᠨ ᠤ᠋ ᠪᠠᠨ ᠭᠠᠷ ᠠ᠋ᠴᠠ ᠵᠡᠭᠦᠨ ᠡᠮᠡᠭᠡᠨ ᠳ᠋ᠦ᠍ ᠥᠭᠭᠦᠭᠰᠡᠨ ᠲᠡᠷᠡ ᠬᠠᠳᠠᠭ ᠢ᠋ ᠬᠦᠨᠳᠦᠳᠬᠡᠨ ᠲᠣᠰᠴᠤ ᠠᠪᠤᠪᠠ᠃
— ᠨᠠᠳᠠ ᠠ᠋ᠴᠠ ᠲᠡᠷᠡ ᠡᠮᠡᠭᠡᠨ ᠳ᠋ᠦ᠍ ᠪᠠᠰᠠ ᠨᠢᠭᠡ ᠬᠠᠳᠠᠭ ᠪᠠᠷᠢᠭᠠᠷᠠᠢ ᠭᠡᠵᠦ ᠵᠠᠮᠰᠥ᠋ᠷᠥᠩᠵᠠᠪ ᠪᠡᠢᠰᠡ᠂ ᠬᠠᠳᠠᠨ ᠪᠠᠭᠠᠲᠤᠷ ᠮᠠᠭᠰᠤᠷᠵᠠᠪ ᠢ᠋ ᠵᠢᠰᠤᠷᠳᠠᠨ ᠢᠨᠢᠶᠡᠵᠦ᠂ ᠨᠢᠭᠡ ᠬᠠᠳᠠᠭ ᠰᠢᠷᠴᠢᠨ ᠳ᠋ᠦ᠍ ᠭᠠᠷᠭᠠᠵᠤ ᠥᠭᠪᠡ᠃
ᠭᠡᠷ ᠦ᠋ᠨ ᠡᠭᠦᠳᠡᠨ ᠳ᠋ᠦ᠍᠂ ᠵᠡᠭᠦᠨ ᠤᠷᠲᠤ ᠰᠠᠭᠤᠵᠤ ᠪᠠᠢᠭᠰᠠᠨ ᠲᠠᠪᠢᠨ ᠤ᠋ ᠳᠠᠷᠤᠭ᠎ᠠ ᠳ᠋ᠥᠢᠩᠬᠤᠷ ᠬᠣᠶᠠᠷ᠂ ᠬᠡᠷᠡᠭ ᠰᠠᠨᠠᠮᠰᠠᠷ ᠦᠭᠡᠢ ᠪᠢᠰᠢ ᠪᠣᠯᠤᠭᠰᠠᠨ ᠢ᠋ ᠦᠵᠡᠭᠡᠳ᠂ ᠰᠦᠭ ᠰᠦᠨᠡᠰᠦ ᠦᠭᠡᠢ ᠠᠶᠤᠵᠤ᠂ ᠬᠤᠯᠴᠠᠢᠨ ᠲᠡᠪᠡᠳᠡᠵᠦ ᠰᠠᠭᠤᠪᠠ᠃
ᠰᠢᠷᠴᠢᠨ ᠵᠣᠷᠢᠭ ᠵᠢᠷᠦᠬᠡ ᠣᠷᠣᠭᠠᠳ᠂ ᠨᠢᠭᠡ ᠪᠣᠷᠪᠢ ᠰᠦ ᠮᠠᠨ ᠤ᠋ ᠵᠡᠭᠦᠨ ᠡᠮᠡᠭᠡ ᠶᠠᠪᠤᠭᠤᠯᠤᠭᠰᠠᠨ ᠪᠢᠯᠡ ᠭᠡᠵᠦ ᠬᠠᠭᠤᠴᠢᠨ ᠵᠠᠩᠵᠤᠨ ᠮᠠ᠊ ᠪᠠᠢᠰᠠ ᠳ᠋ᠤ᠌ ᠪᠠᠨ ᠠᠢᠯᠠᠳᠬᠠᠪᠠᠰᠤ᠂
— ᠲᠡᠷᠡ ᠡᠮᠡᠭᠡ ᠴᠢᠨᠢ ᠰᠠᠢᠳ ᠤ᠋ᠨ ᠲᠠᠮᠠᠭ᠎ᠠ ᠪᠠᠷᠢᠮᠠᠷ ᠠᠢᠬᠤᠪᠲᠤᠷ ᠬᠥᠮᠦᠨ ᠪᠠᠢᠨ᠎ᠠ ᠳᠠ᠃ ᠰᠦ ᠪᠠᠷᠢᠪᠠᠯ᠂ ᠥᠯᠵᠡᠢᠲᠡᠢ ᠴᠠᠭᠠᠨ ᠢᠳᠡᠭᠡᠨ ᠦ᠌ ᠬᠠᠷᠢᠭᠤ ᠳ᠋ᠤ᠌ ᠴᠢᠮᠠᠶ᠋ᠢ(ᠴᠢᠮ᠎ᠠ ᠶ᠋ᠢ) ᠪᠠᠩᠵᠠᠳᠠᠵᠤ ᠮᠠᠭᠤ ᠶ᠋ᠢ ᠴᠢᠨᠢ ᠪᠤᠤ ᠦᠵᠡᠭ ᠭᠡᠰᠡᠨ ᠶᠦᠮ ᠪᠠᠢᠨ᠎ᠠ ᠰᠢᠦ ᠳᠡ᠃
ᠵᠠ᠂ ᠡᠨᠡ ᠰᠦ ᠶ᠋ᠢ ᠨᠢ ᠠᠪᠤᠭᠠᠳ᠂ ᠰᠠᠪᠠ ᠶ᠋ᠢ ᠨᠢ ᠬᠣᠭᠣᠰᠣᠨ ᠪᠤᠴᠠᠭᠠᠵᠤ ᠪᠣᠯᠳᠠᠭ ᠦᠭᠡᠢ ᠲᠤᠯᠠ᠂ ᠰᠢᠷ᠎ᠠ ᠰᠢᠬᠢᠷ᠂ ᠮᠥᠰᠥᠨ ᠰᠢᠬᠢᠷ ᠪᠣᠭᠣᠵᠤ ᠥᠭ ᠭᠡᠵᠦ ᠮᠠ᠊ ᠪᠡᠢᠰᠡ ᠬᠢᠶ᠎ᠡ ᠳ᠋ᠡᠭᠡᠨ ᠲᠣᠯᠣᠭᠠᠢ ᠳᠣᠬᠢᠵᠤ ᠲᠤᠰᠢᠶᠠᠭᠠᠳ ᠵᠠ᠂ ᠰᠢᠷᠴᠢᠨ ᠴᠢ ᠣᠳᠣ ᠲᠡᠷᠡ ᠳᠣᠲᠣᠷ᠎ᠠ ᠬᠥᠮᠦᠨ ᠦ᠌ ᠪᠡᠨ ᠠᠮᠢ ᠶ᠋ᠢ ᠳᠠᠭᠠᠭᠠᠬᠤ ᠪᠣᠯᠤᠯ᠎ᠠ ᠰᠢᠦ᠃ ᠬᠡᠷᠪᠡ ᠠᠮᠢᠲᠠᠨ ᠲᠡᠭᠦᠨ ᠢ᠋ ᠱᠣᠭᠯᠠᠬᠤ ᠪᠠᠷᠢᠬᠤ ᠶᠤᠮ ᠪᠣᠯ᠂ ᠶᠠᠯ᠎ᠠ ᠴᠢᠮ᠎ᠠ ᠳ᠋ᠤ᠌ ᠲᠤᠯᠭᠠᠨ ᠬᠡᠯᠡᠯᠴᠡᠨ᠎ᠡ᠃ ᠲᠠᠨ ᠤ᠋ ᠰᠤᠮᠤᠨ ᠳ᠋ᠤ᠌ ᠡᠩ ᠦ᠋ᠨ ᠨᠣᠮᠣᠬᠠᠨ ᠢᠷᠭᠡᠨ ᠣᠯᠠᠨ ᠤᠤ? ᠬᠡᠮᠡᠪᠡᠰᠦ᠂
— ᠠᠷᠪᠠᠨ ᠬᠤᠷᠤᠭᠤᠨ ᠤ᠋ ᠪᠠᠨ ᠬᠦᠴᠦ ᠪᠡᠷ ᠠᠶᠠᠭ᠎ᠠ ᠬᠣᠭᠣᠯᠠ ᠣᠯᠵᠤ ᠢᠳᠡᠳᠡᠭ ᠲᠠᠪᠤᠨ ᠶᠠᠳᠠᠭᠤ ᠢᠷᠭᠡᠨ ᠪᠣᠢ ᠭᠡᠵᠦ ᠰᠢᠷᠴᠢᠨ ᠦ᠌ ᠥᠴᠢᠲᠡᠯᠡ᠂
— ᠲᠡᠭᠡᠪᠡᠯ᠂ ᠲᠡᠷᠡ ᠲᠠᠪᠤ ᠶ᠋ᠢᠨ ᠠᠮᠢ ᠨᠠᠰᠤ᠂ ᠡᠳ᠋ ᠬᠥᠷᠥᠩᠭᠡ ᠶ᠋ᠢ ᠴᠢᠮᠠᠲᠤ (ᠴᠢᠮ᠎ᠠ ᠳ᠋ᠤ᠌) ᠯᠠ ᠳᠠᠭᠠᠭᠠᠯᠭᠠᠨ᠎ᠠ ᠭᠡᠳ᠂ ᠰᠢᠷᠴᠢᠨ ᠦ᠌ ᠭᠠᠢᠬᠠᠭᠰᠠᠨ ᠴᠢᠷᠠᠢ ᠶ᠋ᠢ ᠬᠠᠷᠠᠵᠤ ᠢᠨᠢᠶᠡᠨ ᠥᠭᠦᠯᠡᠷᠦᠨ᠂
— ᠭᠠᠵᠠᠷ ᠣᠷᠣᠨ ᠢ᠋ ᠲᠦᠪᠰᠢᠳᠬᠡᠨ ᠰᠡᠷᠭᠡᠢᠯᠡᠬᠦ ᠮᠠᠨᠠᠢ(ᠮᠠᠨ ᠤ᠋) ᠴᠡᠷᠢᠭ ᠦ᠋ᠨ ᠭᠠᠵᠠᠷ ᠠ᠋ᠴᠠ ᠴᠢᠮᠠᠲᠤ(ᠴᠢᠮ᠎ᠠ ᠳ᠋ᠤ᠌) ᠲᠠᠮᠠᠭ᠎ᠠ ᠲᠠᠢ ᠪᠢᠴᠢᠭ ᠰᠢᠢᠳᠬᠡᠨ ᠣᠯᠭᠣᠵᠤ᠂ ᠳᠡᠭᠡᠳᠦ ᠳᠣᠣᠷᠠᠲᠤ ᠲᠤᠰᠢᠶᠠᠯ ᠤ᠋ᠨ ᠪᠢᠴᠢᠭ ᠴᠡᠷᠢᠭ ᠦ᠋ᠨ ᠠᠯᠢᠪᠠ ᠨᠢᠭᠡᠨ ᠠᠯᠪᠠᠨ ᠤ᠋ ᠬᠥᠮᠦᠨ ᠢ᠋ ᠴᠢᠮᠠᠲᠤ(ᠴᠢᠮ᠎ᠠ ᠳ᠋ᠤ᠌) ᠲᠡᠷᠡ ᠲᠤᠬᠠᠢ ᠶᠣᠰᠣᠲᠠᠢ ᠲᠤᠰᠠᠯᠠᠮᠵᠢ ᠦᠵᠡᠭᠦᠯᠪᠡᠰᠦ ᠵᠣᠬᠢᠮᠤᠢ ᠭᠡᠰᠡᠨ ᠪᠢᠴᠢᠭ ᠣᠯᠭᠣᠶ᠎ᠠ᠃ ᠮᠡᠳᠡᠪᠡ ᠤᠤ? ᠭᠡᠬᠦ ᠳ᠋ᠦ᠍ᠨᠢ ( ᠳ᠋ᠦ᠍ ᠨᠢ)᠂
— ᠵᠠ᠂ ᠮᠡᠳᠡᠯ᠎ᠡ! ᠭᠡᠵᠡᠢ᠃
— ᠣᠳᠣ᠂ ᠡᠷᠬᠢᠮ ᠠᠬ᠎ᠠ ᠳ᠋ᠤ᠌ ᠲᠣᠯᠢᠯᠠᠭᠤᠯᠬᠤ ᠨᠢᠭᠡᠨ ᠵᠦᠢᠯ ᠪᠣᠢ ᠭᠡᠵᠦ ᠮᠠ᠊ ᠪᠠᠢᠰᠠ᠂ ᠵᠠᠮᠰᠦ᠋ᠷᠦᠩᠵᠠᠪ ᠪᠠᠢᠰᠠ ᠶ᠋ᠢᠨ ᠵᠦᠭ ᠬᠠᠨᠳᠤᠵᠤ᠂ ᠴᠡᠷᠢᠭ ᠵᠠᠬᠢᠷᠬᠤ ᠲᠤᠰᠢᠶᠠᠯ ᠠᠬᠠᠮᠠᠳ ᠬᠥᠮᠦᠨ ᠦ᠌ ᠬᠤᠪᠢ ᠪᠠᠷ ᠪᠢ ᠴᠡᠷᠢᠭ ᠦ᠋ᠨ ᠴᠠᠭᠠᠵᠠ ᠭᠠᠵᠢᠭᠤ ᠪᠣᠯᠤᠭᠰᠠᠨ ᠢ᠋ ᠵᠠᠯᠠᠷᠠᠭᠤᠯᠤᠨ ᠰᠢᠯᠤᠭᠤᠳᠬᠠᠵᠤ᠂ ᠲᠠᠨ ᠤ᠋ ᠴᠡᠷᠢᠭ ᠦ᠋ᠨ ᠲᠤᠭ᠂ ᠨᠡᠷ᠎ᠡ ᠰᠦᠷ ᠭᠤᠲᠤᠭᠠᠨ᠂ ᠨᠣᠮᠣᠬᠠᠨ ᠢᠷᠭᠡᠨ ᠢ᠋ ᠬᠢᠯᠢᠰ ᠢ᠋ᠶ᠋ᠡᠷ ᠭᠦᠳᠬᠡᠭᠰᠡᠨ ᠡᠲᠡᠭᠡᠳ ᠢ᠋ ᠭᠡᠰᠬᠡᠨ ᠴᠡᠭᠡᠷᠯᠡᠭᠦᠯᠦᠶᠡ᠃ ᠬᠤᠳᠠᠯ ᠦᠭᠡ ᠮᠡᠳᠡᠭᠦᠯᠵᠦ᠂ ᠭᠡᠮ ᠦᠭᠡᠢ ᠬᠥᠮᠦᠨ ᠢ᠋ ᠬᠢᠯᠢᠰ ᠶᠠᠯ᠎ᠠ ᠳ᠋ᠤ᠌ ᠤᠨᠠᠭᠠᠬᠤ ᠭᠡᠰᠡᠨ ᠤᠯᠠᠭᠠᠴᠢ ᠳ᠋ᠣᠢᠩᠬᠣᠷ᠂ ᠲᠠᠪᠢᠨ ᠤ᠋ ᠳᠠᠷᠤᠭ᠎ᠠ ᠴᠠᠪᠠᠯ ᠢ᠋ ᠴᠡᠷᠢᠭ ᠦ᠋ᠨ ᠲᠤᠰᠢᠶᠠᠯ ᠤ᠋ᠨ ᠡᠮᠦᠨ᠎ᠡ ᠪᠤᠰᠤᠳ ᠲᠤ᠌ ᠴᠡᠭᠡᠷᠯᠡᠯ ᠪᠣᠯᠭᠠᠨ ᠵᠠᠷᠯᠠᠵᠤ᠂ ᠲᠤᠰ ᠪᠦᠷᠢ ᠬᠣᠷᠢᠨ ᠲᠠᠪᠤᠨ ᠪᠠᠨᠰᠠ ᠵᠠᠨᠴᠢᠰᠤᠭᠠᠢ ᠭᠡᠵᠦ ᠰᠦᠷᠲᠡᠢ ᠴᠢᠩᠭ᠎ᠠ ᠳᠠᠭᠤ ᠪᠠᠷ ᠲᠤᠰᠢᠶᠠᠪᠠ᠃
ᠴᠡᠷᠢᠭ ᠦ᠋ᠨ ᠬᠥᠮᠦᠨ᠂ ᠡᠮᠢᠶᠡᠨ ᠰᠠᠨᠳᠤᠷᠤᠭᠰᠠᠨ ᠲᠠᠪᠢᠨ ᠤ᠋ ᠳᠠᠷᠤᠭ᠎ᠠ᠂ ᠠᠶᠤᠵᠤ ᠵᠢᠰᠦ ᠴᠢᠷᠠᠢ ᠰᠢᠷᠣᠢ ᠶ᠋ᠢᠨ ᠥᠩᠭᠡ ᠲᠡᠢ ᠪᠣᠯᠤᠭᠰᠠᠨ ᠳ᠋ᠣᠢᠩᠬᠣᠷ ᠢ᠋ ᠭᠠᠳᠠᠭᠰᠢ ᠠᠪᠴᠤ ᠭᠠᠷᠤᠯ᠎ᠠ᠃ ᠲᠡᠭᠡᠭᠡᠳ ᠤᠳᠠᠯ ᠦᠭᠡᠢ ᠴᠡᠷᠢᠭ ᠵᠢᠭᠰᠠᠬᠤ ᠪᠦᠷᠢᠶ᠎ᠡ ᠲᠡᠳᠡᠨ᠂ ᠪᠠᠨᠰᠠᠳᠠᠬᠤ ᠶᠣᠣᠯᠠᠬᠤ ᠴᠢᠮᠡᠭᠡ ᠰᠣᠨᠣᠰᠳᠠᠪᠠ᠃
— — — —
* ᠭᠠᠭᠤᠯᠵᠠᠬᠤ ᠭᠡᠵᠦ ᠶᠠᠭᠤᠮ᠎ᠠ ᠬᠡᠯᠡᠬᠦ ᠭᠡᠳ᠂ ᠬᠡᠯᠡᠵᠦ ᠴᠢᠳᠠᠯ ᠦᠭᠡᠢ᠂ ᠳᠡᠮᠡᠢᠯᠡ ᠤᠷᠤᠭᠤᠯ ᠢ᠋ᠶ᠋ᠠᠨ ᠬᠥᠳᠡᠯᠭᠡᠵᠦ ᠠᠩᠭᠠᠯᠵᠠᠬᠤ ᠶ᠋ᠢ ᠬᠡᠯᠡᠨ᠎ᠡ᠃
ᠦᠰᠦᠭ ᠠᠮᠢᠯᠠᠭᠤᠯᠤᠭᠴᠢ᠄ ᠤᠢᠭᠤᠷᠵᠢᠨ·ᠣᠳᠬᠣᠨᠪᠠᠪᠠ᠂ ᠰᠠᠷᠠᠨᠲᠤᠶᠠᠭ᠎ᠠ᠂ ᠣᠶᠤᠨᠪᠠᠲᠤ᠂ ᠪᠠᠯ᠂ ᠴᠡᠩᠬᠡᠯᠴᠡᠴᠡᠭ᠂ ᠴᠤᠯᠮᠤᠨᠭᠡᠷᠡᠯ
ᠬᠢᠨᠠᠭᠴᠢ᠄ ᠣᠶᠤᠨᠪᠠᠲᠤ᠂ ᠣᠳᠬᠣᠨᠴᠡᠴᠡᠭ᠂ ᠪᠠᠯ
ᠤᠩᠰᠢᠭᠴᠢ᠄ ᠨᠠᠰᠤᠨ᠌ᠦ᠌ᠯᠵᠡᠢ
