1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ04Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ04Юан улсын дээд нийслэл шант

ᠠᠩᠭᠢᠯᠠᠯ:ᠲᠡᠥᠬᠡ
2025-03-13

1357

ᠶᠤᠸᠠᠨ ᠤᠯᠤᠰ ᠤᠨ ᠳᠡᠭᠡᠳᠦ ᠨᠡᠢᠰᠯᠡᠯ ᠱᠠᠩᠳᠤ ᠳᠥᠷᠪᠡ

ᠬᠤᠪᠢᠯᠠᠢ ᠬᠡᠢᠪᠤᠩ ᠳ᠋ᠤ᠌ ᠬᠠᠭᠠᠨ ᠣᠷᠣ ᠰᠠᠭᠤᠪᠠ

   ᠬᠢᠶᠠᠳ ᠶᠠᠰᠤᠨ ᠤ᠋ ᠪᠤᠷᠵᠢᠭᠢᠳ ᠣᠪᠣᠭᠲᠠᠨ ᠬᠤᠪᠢᠯᠠᠢ᠂1215 ᠣᠨ ᠳ᠋ᠤ᠌ ᠲᠤᠯᠤᠢ ᠶ᠋ᠢᠨ ᠳᠥᠷᠪᠡᠳᠦᠭᠡᠷ ᠬᠥᠪᠡᠭᠦᠨ ᠪᠣᠯᠤᠨ ᠵᠠᠶᠠᠭᠠᠵᠠᠢ᠃ᠡᠬᠡ ᠰᠤᠷᠬᠠᠭᠳᠠᠨᠢ ᠪᠡᠬᠢ ᠬᠣᠩᠭᠢᠷᠠᠳ ᠠᠢᠮᠠᠭ ᠤ᠋ᠨ ᠬᠥᠮᠦᠨ᠃ᠮᠥᠩᠬᠡ ᠬᠠᠭᠠᠨ ᠯᠤᠭ᠎ᠠ ᠡᠬᠡ ᠨᠢᠭᠡᠲᠡᠢ ᠠᠬ᠎ᠠ ᠳᠡᠭᠦᠦ ᠶᠦ᠍ᠮ᠃1251ᠣᠨ ᠳ᠋ᠤ᠌ ᠮᠥᠩᠬᠡ ᠬᠠᠭᠠᠨ ᠤ᠋ ᠵᠠᠷᠯᠢᠭ ᠢ᠋ ᠬᠦᠯᠢᠶᠡᠵᠦ ᠳᠣᠷᠣᠨ᠎ᠠ ᠵᠦᠭ ᠦ᠋ᠨ ᠶᠡᠷᠦᠩᠬᠡᠢ ᠶᠡᠬᠡ ᠵᠠᠬᠢᠷᠤᠭᠴᠢ ᠪᠠᠷ ᠲᠣᠮᠢᠯᠠᠭᠳᠠᠨ ᠭᠣᠪᠢ ᠶ᠋ᠢᠨ ᠡᠮᠦᠨᠡᠬᠢ ᠭᠠᠵᠠᠷ ᠪᠠ ᠬᠢᠲᠠᠳ ᠣᠷᠣᠨ ᠤ᠋ ᠴᠡᠷᠢᠭ ᠠᠷᠠᠳ ᠢ᠋ ᠶᠡᠷᠦᠩᠬᠡᠢᠯᠡᠨ ᠵᠠᠬᠢᠷᠴᠠᠢ᠃ᠬᠤᠪᠢᠯᠠᠢ ᠨᠡᠭᠦᠳᠡᠯ ᠣᠷᠳᠣᠨ ᠢ᠋ᠶ᠋ᠠᠨ ᠣᠯᠠᠨ ᠭᠣᠣᠯ ᠤ᠋ᠨ ᠤᠷᠤᠰᠬᠠᠯ ᠣᠷᠣᠨ ᠰᠢᠷ᠎ᠠ ᠲᠠᠯ᠎ᠠ ᠳ᠋ᠤ᠌ ᠪᠠᠢᠭᠤᠯᠵᠤ ᠨᠣᠶᠠᠷᠬᠠᠯ ᠤ᠋ᠨ ᠢ᠋ᠶ᠋ᠠᠨ ᠲᠥᠪ ᠪᠣᠯᠭᠠᠵᠠᠢ᠃ᠮᠥᠩᠬᠡ ᠬᠠᠭᠠᠨ1252ᠣᠨ ᠳ᠋ᠤ᠌ ᠳᠣᠷᠣᠨᠠᠳᠠᠬᠢᠨ ᠪᠠ ᠥᠷᠥᠨᠡᠳᠠᠬᠢᠨ ᠤ᠋ ᠮᠣᠩᠭᠣᠯ ᠬᠢᠲᠠᠳ ᠴᠡᠷᠢᠭ ᠦ᠋ᠨ10ᠬᠥᠮᠦᠨ ᠦ᠌ ᠳᠣᠲᠣᠷ᠎ᠠ ᠠ᠋ᠴᠠ2 ᠬᠥᠮᠦᠨ ᠢ᠋ ᠰᠣᠩᠭᠣᠨ ᠠᠪᠴᠤ ᠡᠮᠦᠨᠡᠰᠢ ᠳᠠᠢᠯᠠᠬᠤ 100000ᠶᠡᠬᠡ ᠴᠡᠷᠢᠭ ᠢ᠋ ᠵᠣᠬᠢᠶᠠᠨ ᠪᠠᠢᠭᠤᠯᠤᠭᠠᠳ ᠳᠡᠭᠦᠦ ᠬᠤᠪᠢᠯᠠᠢ ᠳ᠋ᠠᠭᠠᠨ ᠲᠤᠰᠢᠶᠠᠨ ᠥᠭᠴᠦ ᠵᠠᠬᠢᠷᠤᠭᠤᠯᠵᠠᠢ᠃
   1253ᠣᠨ ᠳ᠋ᠤ᠌ ᠬᠤᠪᠢᠯᠠᠢ ᠶᠡᠬᠡ ᠴᠡᠷᠢᠭ ᠢ᠋ᠶ᠋ᠡᠨ ᠳᠠᠢᠴᠢᠯᠠᠨ2000ᠭᠠᠷᠤᠢ ᠭᠠᠵᠠᠷ ᠤ᠋ᠨ ᠪᠠᠷᠲᠠᠭᠠᠲᠤ ᠵᠠᠮ ᠢ᠋ ᠲᠤᠭᠤᠯᠵᠤ ᠶ᠋ᠢᠨ ᠱᠠ ᠵᠢᠶᠠᠩ ᠮᠥᠷᠡᠨ ᠢ᠋ ᠠᠷᠠᠰᠤᠨ ᠲᠤᠯᠤᠮ ᠮᠣᠳᠣᠨ ᠣᠩᠭᠣᠴᠠ ᠪᠠᠷ ᠭᠡᠲᠦᠯᠦᠨ ᠭᠠᠷᠤᠭᠰᠠᠨ᠎ᠠ ᠮᠦᠸᠧ ᠱᠠ ᠮᠢᠨ ᠦ᠌ ᠡᠵᠡᠨ ᠤᠭᠲᠤᠨ ᠪᠠᠭᠤᠵᠤ ᠥᠭᠪᠡ᠃ᠬᠤᠪᠢᠯᠠᠢ ᠦᠷᠭᠦᠯᠵᠢᠯᠡᠨ ᠤᠷᠤᠭᠰᠢᠯᠠᠵᠤ ᠳ᠋ᠠᠯᠢ ᠤᠯᠤᠰ ᠲᠤ᠌ ᠭᠦᠷᠦᠭᠰᠡᠨ᠎ᠡ ᠳ᠋ᠠᠯᠢ ᠶ᠋ᠢᠨ ᠴᠡᠷᠢᠭ ᠠᠷᠠᠳ ᠪᠠᠭᠤᠵᠤ ᠥᠭᠴᠡᠢ᠃ᠬᠤᠪᠢᠯᠠᠢ ᠤᠷᠢᠶᠠᠩᠬᠠᠳᠠᠢ ᠶ᠋ᠢ ᠦᠯᠡᠳᠡᠭᠡᠨ᠂ᠡᠵᠡᠯᠡᠭᠳᠡᠭᠡ ᠦᠭᠡᠢ ᠣᠯᠠᠨ ᠭᠠᠵᠠᠷ ᠢ᠋ ᠪᠠᠢᠯᠳᠤᠭᠤᠯᠵᠤ ᠥᠪᠡᠷ ᠢ᠋ᠶ᠋ᠡᠨ ᠬᠠᠭᠠᠨ ᠡᠵᠡᠨ ᠲᠡᠢ ᠪᠠᠷᠠᠯᠠᠬᠤ ᠭᠡᠮᠡᠨ ᠬᠠᠷᠠᠬᠣᠷᠣᠮ ᠵᠦᠭ ᠪᠤᠴᠠᠵᠠᠢ᠃
1259 ᠣᠨ ᠳ᠋ᠤ᠌ ᠮᠥᠩᠬᠡ ᠬᠠᠭᠠᠨ ᠲᠠᠭᠠᠯᠠᠯ ᠲᠡᠭᠦᠰᠦᠭᠰᠡᠨ ᠭᠠᠰᠢᠭᠤᠳᠠᠯ ᠤ᠋ᠨ ᠮᠡᠳᠡᠭᠡ ᠶ᠋ᠢ ᠬᠤᠪᠢᠯᠠᠢ ᠣᠯᠵᠤ ᠰᠣᠨᠣᠰᠪᠠ᠃
   ᠮᠥᠩᠬᠡ ᠶ᠋ᠢ ᠨᠠᠰᠤ ᠪᠠᠷᠠᠭᠰᠠᠨ ᠤ᠋ ᠬᠣᠢᠨ᠎ᠠ ᠠᠯᠠᠭᠳᠠᠷ ᠬᠤᠨᠳᠤᠬᠠᠢ ᠨᠠᠷ ᠠᠷᠢᠭᠪᠣᠬ᠎ᠠ ᠶ᠋ᠢ ᠬᠠᠭᠠᠨ ᠰᠠᠭᠤᠲᠤᠭᠠᠢ ᠭᠡᠮᠡᠨ ᠢᠳᠬᠠᠪᠠ᠃ᠠᠷᠢᠭᠪᠣᠬ᠎ᠠ ᠭᠣᠪᠢ ᠶ᠋ᠢᠨ ᠡᠮᠦᠨᠡᠬᠢ ᠶ᠋ᠢ ᠬᠤᠷᠢᠶᠠᠮᠵᠢᠯᠠᠨ ᠠᠪᠴᠤ ᠤᠯᠠᠮ ᠢ᠋ᠶ᠋ᠠᠷ ᠰᠠᠭᠤᠷᠢᠨ ᠢ᠋ ᠵᠠᠯᠭᠠᠮᠵᠢᠯᠠᠬᠤ ᠶ᠋ᠢ ᠪᠣᠳᠣᠯᠬᠢᠯᠠᠵᠠᠢ᠃ᠠᠯᠠᠭᠳᠠᠷ ᠠᠷᠢᠭᠪᠣᠬ᠎ᠠ ᠶ᠋ᠢᠨ ᠵᠠᠷᠯᠢᠭ ᠢ᠋ᠶ᠋ᠠᠷ ᠭᠣᠪᠢ ᠶ᠋ᠢᠨ ᠠᠷᠤ ᠶ᠋ᠢᠨ ᠶᠠᠪᠤᠳᠠᠯ ᠣᠯᠠᠨ ᠠᠢᠮᠠᠭ ᠠ᠋ᠴᠠ ᠶᠡᠬᠡ ᠴᠡᠷᠢᠭ ᠳᠠᠢᠴᠢᠯᠠᠨ ᠦᠳᠲᠡᠷ ᠲᠦᠷᠭᠡᠨ ᠵᠡᠭᠦᠨᠰᠢ ᠴᠡᠷᠢᠭ ᠤᠷᠤᠭᠰᠢᠯᠠᠵᠤ ᠬᠡᠢᠪᠤᠩ ᠪᠠᠯᠭᠠᠳ ᠠ᠋ᠴᠠ100ᠭᠠᠷᠤᠢ ᠭᠠᠵᠠᠷ ᠤ᠋ᠨ ᠵᠠᠢ ᠳ᠋ᠤ᠌ ᠢᠷᠡᠵᠦ ᠬᠤᠸᠠᠷᠠᠨ ᠪᠠᠭᠤᠪᠠ᠃ᠲᠤᠬᠠᠢ ᠶ᠋ᠢᠨ ᠦᠶ᠎ᠡ ᠳ᠋ᠦ᠍ ᠬᠤᠪᠢᠯᠠᠢ ᠶ᠋ᠢᠨ ᠡᠬᠡᠨᠡᠷ ᠬᠣᠩᠭᠢᠷᠠᠳ ᠠᠢᠮᠠᠭ ᠤ᠋ᠨ ᠴᠠᠪᠢ ᠬᠠᠲᠤᠨ᠂ᠬᠥᠪᠡᠭᠦᠨ ᠴᠢᠩᠭᠢᠮ ᠨᠢ ᠨᠡᠭᠦᠳᠡᠯ ᠣᠷᠳᠣᠨ ᠢ᠋ᠶ᠋ᠠᠨ ᠠᠪᠴᠤ ᠬᠡᠢᠪᠤᠩ ᠪᠠᠯᠭᠠᠳ ᠲᠤ᠌ ᠣᠷᠣᠵᠤ ᠰᠠᠭᠤᠭᠰᠠᠨ ᠪᠠᠢᠵᠠᠢ᠃ᠴᠠᠪᠢ ᠪᠠᠷ ᠠᠯᠠᠭᠳᠠᠷ ᠵᠠᠩᠵᠤᠨ ᠳ᠋ᠤ᠌ ᠡᠯᠴᠢ ᠢᠯᠡᠬᠡᠨ᠄《ᠴᠡᠷᠢᠭ ᠬᠥᠳᠡᠯᠭᠡᠬᠦ ᠢᠨᠤ ᠶᠡᠬᠡ ᠦᠢᠯᠡ ᠪᠣᠯᠠᠢ᠂ᠲᠠᠢᠽᠦ ᠶ᠋ᠢᠨ ᠵᠢᠴᠢ ᠬᠥᠪᠡᠭᠦᠨ ᠴᠢᠩᠭᠢᠮ ᠡᠨᠳᠡ ᠪᠠᠢᠬᠤ ᠠᠲᠠᠯ᠎ᠠ ᠶᠠᠭᠤᠨ ᠭᠡᠮᠡᠨ ᠲᠡᠭᠦᠨ ᠳ᠋ᠦ᠍ ᠮᠡᠳᠡᠭᠦᠯᠬᠦ ᠦᠭᠡᠢ ᠪᠣᠢ ᠵ᠎ᠠ》ᠭᠡᠵᠦ ᠠᠰᠠᠭᠤᠯᠭᠠᠭᠰᠠᠨ ᠳ᠋ᠤ᠌ ᠠᠯᠠᠭᠳᠠᠷ ᠬᠡᠯᠡᠬᠦ ᠦᠭᠡ ᠪᠡᠨ ᠣᠯᠬᠤ ᠦᠭᠡᠢ ᠠᠷᠭ᠎ᠠ ᠠᠯᠳᠠᠷᠠᠵᠤ ᠬᠡᠢᠪᠤᠩ ᠢ᠋ ᠴᠣᠬᠢᠬᠤ ᠴᠡᠷᠢᠭ ᠦ᠋ᠨ ᠰᠦᠷ ᠰᠦᠯᠳᠡ ᠨᠢ ᠴᠦ᠍ ᠪᠠᠭᠤᠷᠠᠪᠠ᠃ᠡᠨᠡ ᠦᠶ᠎ᠡ ᠳ᠋ᠦ᠍ ᠬᠡᠢᠪᠤᠩ ᠪᠠᠯᠭᠠᠳ ᠲᠤ᠌ ᠰᠠᠭᠤᠭ᠎ᠠ ᠬᠣᠩᠭᠢᠷᠠᠳ ᠤ᠋ᠨ ᠴᠠᠪᠢ ᠬᠠᠲᠤᠨ᠂ᠴᠠᠭ ᠤ᠋ᠨ ᠪᠠᠢᠳᠠᠯ ᠲᠤᠢᠯ ᠤ᠋ᠨ ᠲᠦᠭᠰᠢᠭᠦᠷᠢ ᠲᠡᠢ ᠪᠣᠯᠤᠭᠰᠠᠨ ᠢ᠋ ᠮᠡᠳᠡᠭᠡᠳ ᠳᠠᠷᠤᠢᠬᠠᠨ ᠬᠤᠪᠢᠯᠠᠢ ᠸᠠᠩ ᠳ᠋ᠤ᠌ ᠡᠯᠴᠢ ᠢᠯᠡᠬᠡᠨ᠄《ᠠᠷᠢᠭᠪᠣᠬ᠎ᠠ ᠡᠳᠦᠭᠡ ᠭᠣᠪᠢ ᠶ᠋ᠢᠨ ᠠᠷᠤ ᠳ᠋ᠤ᠌ ᠠᠷᠭ᠎ᠠ ᠡᠭᠦᠰᠬᠡᠨ ᠬᠠᠭᠠᠨ ᠰᠠᠭᠤᠷᠢᠨ ᠢ᠋ ᠵᠠᠯᠭᠠᠮᠵᠢᠯᠠᠬᠤ ᠪᠠᠷ ᠪᠠᠢᠬᠤ ᠲᠤᠯᠠ ᠬᠤᠷᠳᠤᠨ ᠬᠣᠢᠰᠢ ᠡᠭᠡᠵᠦ ᠬᠡᠢᠪᠤᠩ ᠪᠠᠯᠭᠠᠳ ᠲᠠᠭᠠᠨ ᠬᠠᠷᠢᠵᠤ ᠢᠷᠡᠭᠲᠦᠨ》ᠭᠡᠵᠦ ᠨᠢᠭᠤᠴᠠ ᠪᠠᠷ ᠬᠡᠯᠡᠭᠦᠯᠪᠡ᠃ᠬᠤᠪᠢᠯᠠᠢ ᠡᠨᠡ ᠴᠢᠮᠡᠭᠡ ᠶ᠋ᠢ ᠰᠣᠨᠣᠰᠤᠮᠠᠭᠴᠠ ᠲᠡᠷᠡ ᠳᠠᠷᠤᠢ ᠴᠡᠷᠢᠭ ᠦ᠋ᠨ ᠬᠦᠷᠢᠶᠡᠨ ᠳ᠋ᠡᠬᠢ ᠬᠠᠷᠢᠶ᠎ᠠ ᠵᠠᠩᠵᠤᠨ᠂ᠲᠤᠰᠠᠯᠠᠬᠤ ᠲᠦᠰᠢᠮᠡᠳ ᠢ᠋ᠶ᠋ᠡᠨ ᠴᠤᠭᠯᠠᠭᠤᠯᠤᠨ ᠵᠥᠪᠯᠡᠯᠳᠦᠪᠡ᠃ᠬᠣᠣ ᠵᠢᠩ᠄《ᠶᠡᠬᠡ ᠸᠠᠩ ᠤᠤᠯ ᠠ᠋ᠴᠠ ᠣᠯᠠᠨ ᠤ᠋ ᠰᠡᠳᠬᠢᠯ ᠢ᠋ ᠶᠡᠬᠡᠳᠡ ᠡᠣᠯᠤᠭᠰᠠᠨ ᠠ᠋ᠴᠠ ᠭᠠᠳᠠᠨ᠎ᠠ ᠡᠳᠦᠭᠡ ᠶᠡᠬᠡ ᠴᠡᠷᠢᠭ ᠢ᠋ ᠵᠠᠬᠢᠷᠴᠤ ᠪᠠᠢᠬᠤ ᠪᠣᠯᠪᠠᠴᠤ ᠠᠷᠢᠭᠪᠣᠬ᠎ᠠ ᠬᠡᠷᠪᠡᠷ ᠵᠣᠷᠢᠭ ᠰᠢᠭᠤᠳᠴᠤ ᠡᠵᠡᠨ ᠬᠠᠭᠠᠨ ᠤ᠋ ᠦᠯᠡᠳᠡᠭᠡᠭᠰᠡᠨ ᠭᠡᠷᠢᠶᠡᠰ ᠢ᠋ ᠣᠯᠪᠠ ᠭᠡᠮᠡᠨ ᠰᠢᠯᠲᠠᠭ ᠬᠡᠯᠡᠵᠦ ᠬᠠᠭᠠᠨ ᠰᠠᠭᠤᠷᠢᠨ ᠳ᠋ᠤ᠌ ᠰᠠᠭᠤᠭᠠᠳ ᠳᠤᠮᠳᠠᠳᠤ ᠣᠷᠣᠨ ᠳ᠋ᠤᠷ ᠵᠠᠷᠯᠢᠭ ᠪᠠᠭᠤᠯᠭᠠᠬᠤᠢ ᠳ᠋ᠤᠷ ᠬᠦᠷᠪᠡᠰᠦ ᠲᠡᠷᠡ ᠴᠠᠭ ᠲᠤᠷ ᠶᠡᠬᠡ ᠸᠠᠩ ᠲᠠ ᠬᠠᠷᠢᠶ᠎ᠠ ᠬᠡᠮᠡᠪᠡᠴᠦ ᠬᠠᠷᠢᠵᠤ ᠴᠢᠳᠠᠨ᠎ᠠ ᠤᠤ? ᠡᠢᠨ ᠬᠦ᠌ ᠳᠠᠷᠤᠢ ᠲᠦᠷᠭᠡᠨ ᠴᠡᠷᠢᠭ ᠡᠭᠡᠵᠦ ᠶᠡᠬᠡ ᠪᠣᠳᠣᠯᠭ᠎ᠠ ᠶ᠋ᠢ ᠲᠣᠭᠲᠠᠭᠠᠭᠠᠳ ᠬᠣᠵᠢᠮ ᠤ᠋ᠨ ᠵᠣᠪᠠᠯᠠᠩ ᠢ᠋ ᠠᠷᠢᠯᠭᠠᠪᠠᠰᠤ ᠵᠣᠬᠢᠮᠤᠢ》ᠭᠡᠵᠦ ᠰᠠᠨᠠᠭᠤᠯᠪᠠ᠃ᠯᠢᠶᠠᠨ ᠰᠢ ᠰᠢᠶᠠᠨ ᠪᠠᠰᠠ᠄《ᠡᠷᠭᠢᠨ ᠨᠣᠶᠠᠨᠲᠠᠨ ᠲᠠ ᠪᠣᠯ ᠲᠠᠢᠼᠤ ᠶ᠋ᠢᠨ ᠲᠥᠷᠥᠭᠰᠡᠨ ᠠᠴᠢ ᠪᠣᠯᠬᠤ ᠶ᠋ᠢᠨ ᠳᠡᠭᠡᠷ᠎ᠡ ᠡᠷᠳᠡᠮᠲᠡᠨ ᠴᠢᠳᠠᠪᠤᠷᠢᠲᠠᠨ ᠢ᠋ ᠡᠯᠰᠡᠨ ᠴᠤᠭᠯᠠᠭᠤᠯᠵᠤ ᠣᠯᠠᠨ ᠤ᠋ ᠰᠡᠳᠬᠢᠯ ᠢ᠋ ᠨᠢᠭᠡᠳᠬᠡᠵᠦ ᠲᠦᠮᠡᠨ ᠢᠷᠭᠡᠨ ᠢ᠋ ᠪᠢᠰᠢᠷᠡᠭᠦᠯᠦᠨ ᠳᠠᠭᠠᠭᠤᠯᠪᠠ᠃ᠡᠢᠨ ᠬᠦ᠌ ᠦᠳᠲᠡᠷ ᠲᠦᠷᠭᠡᠨ ᠢ᠋ᠶ᠋ᠡᠷ ᠡᠵᠡᠨ ᠬᠣᠲᠠ ᠳ᠋ᠠᠭᠠᠨ ᠪᠤᠴᠠᠵᠤ ᠶᠡᠬᠡ ᠰᠠᠭᠤᠷᠢᠨ ᠢ᠋ ᠡᠵᠡᠯᠡᠭᠡᠳ ᠳᠡᠯᠡᠬᠡᠢ ᠳ᠋ᠠᠬᠢᠨ ᠤ᠋ ᠲᠦᠮᠡᠨ ᠢᠷᠭᠡᠳ ᠢ᠋ ᠠᠮᠤᠭᠤᠯᠬᠤ ᠪᠣᠯᠪᠠ ᠤᠤ》ᠬᠡᠮᠡᠪᠡ᠃ᠬᠤᠪᠢᠯᠠᠢ ᠯᠢᠶᠠᠨ ᠰᠢ ᠰᠢᠶᠠᠨ ᠢ᠋ ᠲᠠᠴᠠᠷ ᠤ᠋ᠨ ᠲᠡᠨᠳᠡ ᠢᠯᠡᠭᠡᠵᠦ ᠳᠡᠮᠵᠢᠯᠭᠡ ᠬᠦᠰᠡᠭᠰᠡᠨ ᠳ᠋ᠦ᠍ ᠲᠠᠴᠠᠷ ᠵᠥᠪᠰᠢᠶᠡᠷᠡᠵᠦ᠄《 ᠪᠢ ᠥᠪᠡᠷ ᠦ᠋ᠨ ᠪᠡᠶ᠎ᠡ ᠪᠡᠷ ᠡᠨᠡ ᠬᠡᠷᠡᠭ ᠢ᠋ ᠳᠠᠭᠠᠭᠠᠰᠤᠭᠠᠢ》ᠭᠡᠪᠡ᠃
    1259ᠣᠨ ᠤ᠋ ᠡᠴᠦᠰ ᠢ᠋ᠶ᠋ᠡᠷ ᠬᠤᠪᠢᠯᠠᠢ ᠬᠣᠣ ᠵᠢᠩ ᠦ᠋ᠨ ᠰᠠᠨᠠᠭᠤᠯᠭ᠎ᠠ ᠶ᠋ᠢ ᠬᠦᠯᠢᠶᠡᠨ ᠠᠪᠴᠤ ᠨᠢᠭᠡᠨᠲᠡᠭᠡᠭᠦᠷ ᠴᠡᠷᠢᠭ ᠢᠯᠡᠬᠡᠨ ᠮᠥᠩᠬᠡ ᠬᠠᠭᠠᠨ ᠤ᠋ ᠱᠠᠷᠢᠯ ᠤ᠋ᠨ ᠴᠢᠨᠳᠠᠷ ᠤ᠋ᠨ ᠲᠡᠷᠭᠡ ᠬᠥᠰᠬᠡ ᠶ᠋ᠢ ᠤᠭᠲᠤᠭᠤᠯᠵᠤ ᠶᠡᠬᠡ ᠬᠠᠭᠠᠨ ᠤ᠋ ᠡᠷᠳᠡᠨᠢ ᠶ᠋ᠢᠨ ᠲᠠᠮᠠᠭ᠎ᠠ ᠶ᠋ᠢ ᠬᠦᠯᠢᠶᠡᠨ ᠠᠪᠤᠪᠠ᠃ᠨᠥᠭᠥᠭᠡᠲᠡᠭᠡᠭᠦᠷ ᠡᠮᠦᠨᠡᠲᠦ ᠰᠥᠩ ᠤᠯᠤᠰ ᠤ᠋ᠨ ᠴᠢᠩᠰᠠᠩ ᠵᠢᠶᠠ ᠰᠧ ᠳ᠋ᠣᠣ ᠯᠤᠭ᠎ᠠ ᠡᠶᠡᠯᠳᠤᠨ ᠨᠠᠢᠷᠠᠮᠳᠠᠬᠤ ᠨᠢᠭᠤᠴᠠ ᠪᠣᠯᠵᠣᠭ᠎ᠠ ᠪᠠᠢᠭᠤᠯᠪᠠ᠃ᠬᠤᠪᠢᠯᠠᠢ ᠥᠪᠡᠷ ᠢ᠋ᠶ᠋ᠡᠨ ᠰᠢᠳᠠᠷ ᠳᠠᠭᠠᠭᠰᠠᠳ ᠴᠥᠭᠡᠨ ᠴᠡᠷᠢᠭ ᠠᠪᠴᠤ ᠬᠥᠩᠭᠡᠨ ᠲᠡᠷᠭᠡ ᠪᠡᠷ ᠡᠳᠦᠷ ᠰᠥᠨᠢ ᠦᠭᠡᠢ ᠠᠶᠠᠯᠠᠨ ᠶᠠᠨ ᠵᠢᠩ ᠬᠣᠲᠠ ᠶ᠋ᠢᠨ ᠣᠢᠷ᠎ᠠ ᠲᠡᠭᠦᠷᠭᠡ ᠳ᠋ᠦ᠍ ᠢᠷᠡᠵᠦ ᠪᠠᠭᠤᠭᠰᠠᠨ ᠪᠠᠢᠵᠠᠢ᠃1260ᠣᠨ ᠤ᠋3 ᠳ᠋ᠤᠭᠠᠷ ᠰᠠᠷ᠎ᠠ ᠳ᠋ᠤ᠌ ᠬᠤᠪᠢᠯᠠᠢ ᠬᠡᠢᠪᠤᠩ ᠣᠷᠳᠣᠨ ᠳ᠋ᠠᠭᠠᠨ ᠬᠠᠷᠢᠵᠤ ᠢᠷᠡᠪᠡ᠃ᠥᠭᠡᠳᠡᠢ ᠶ᠋ᠢᠨ ᠬᠥᠪᠡᠭᠦᠨ ᠸᠠᠩ ᠨᠣᠶᠠᠨ ᠬᠠᠳᠠᠨ᠂ᠴᠠᠭᠠᠲᠠᠢ ᠶ᠋ᠢᠨ ᠬᠥᠪᠡᠭᠦᠨ ᠠᠵᠢᠬᠢ ᠨᠠᠷ ᠪᠠᠷᠠᠭᠤᠨ ᠵᠠᠮ ᠤ᠋ᠨ ᠣᠯᠠᠨ ᠸᠠᠩ ᠢ᠋ ᠳᠠᠭᠠᠭᠤᠯᠵᠤ᠂ᠬᠤᠪᠢᠯᠠᠢ ᠶ᠋ᠢᠨ ᠳᠡᠭᠦᠦ ᠮᠦᠭᠡ᠂ᠸᠠᠩ ᠨᠣᠶᠠᠨ ᠲᠠᠴᠠᠷ᠂ᠬᠠᠰᠠᠷ ᠤ᠋ᠨ ᠬᠥᠪᠡᠭᠦᠨ ᠶᠢᠰᠤᠩᠭᠡ᠂ᠬᠠᠴᠢᠭᠤᠨ ᠤ᠋ ᠬᠥᠪᠡᠭᠦᠨ ᠬᠣᠯᠬᠣᠷ᠂ᠪᠡᠯᠭᠦᠳᠡᠢ ᠶ᠋ᠢᠨ ᠬᠥᠪᠡᠭᠦᠨ ᠰᠣᠳᠣ ᠨᠠᠷ ᠵᠡᠭᠦᠨ ᠵᠠᠮ ᠤ᠋ᠨ ᠣᠯᠠᠨ ᠸᠠᠩ ᠢ᠋ ᠳᠠᠭᠠᠭᠤᠯᠵᠤ ᠬᠡᠢᠪᠤᠩ ᠪᠠᠯᠭᠠᠳ ᠲᠤ᠌ ᠴᠤᠭᠯᠠᠷᠠᠨ ᠬᠤᠷᠠᠯᠳᠠᠢ ᠬᠤᠷᠠᠯᠳᠤᠵᠤ ᠬᠤᠪᠢᠯᠠᠢ ᠸᠠᠩ ᠢ᠋ ᠮᠣᠩᠭᠣᠯ ᠤ᠋ᠨ ᠶᠡᠬᠡ ᠬᠠᠭᠠᠨ 
ᠢ᠋ᠶ᠋ᠠᠷ ᠰᠣᠩᠭᠣᠵᠤ ᠰᠠᠭᠤᠷᠢᠨ ᠳ᠋ᠤ᠌ ᠰᠠᠭᠤᠯᠭᠠᠵᠠᠢ᠃ᠬᠤᠪᠢᠯᠠᠢ ᠶ᠋ᠢᠨ ᠪᠡᠶ᠎ᠡ ᠬᠠᠭᠠᠨ ᠰᠠᠭᠤᠷᠢᠨ ᠵᠠᠯᠭᠠᠮᠵᠢᠯᠠᠮᠠᠭᠴᠠ ᠲᠥᠷᠥ ᠶ᠋ᠢ ᠵᠠᠰᠠᠵᠤ ᠲᠦᠮᠡᠨ ᠢ᠋ ᠠᠮᠤᠭᠤᠯᠬᠤ ᠶᠡᠬᠡ ᠶᠠᠪᠤᠳᠠᠯ ᠢ᠋ ᠱᠠᠯᠠᠪᠳᠠᠨ ᠬᠢᠯ᠎ᠡ᠃ᠲᠡᠷᠡ ᠪᠡᠷ ᠽᠢ ᠷᠦᠩ ᠽᠦᠩ ᠨᠠᠷ ᠢ᠋ ᠳᠠᠭᠤᠳᠠᠨ ᠠᠪᠴᠢᠷᠠᠵᠤ《ᠡᠪᠦᠭᠡ ᠳᠡᠭᠡᠳᠦᠰ ᠦ᠋ᠨ ᠬᠠᠭᠤᠴᠢᠨ ᠴᠠᠭᠠᠵᠠ ᠶ᠋ᠢ ᠦᠨᠳᠦᠰᠦ ᠪᠣᠯᠭᠠᠵᠤ ᠡᠳᠦᠭᠡ ᠳ᠋ᠦ᠍ᠷ ᠨᠡᠢᠴᠡᠬᠦ ᠶᠣᠰᠣ ᠶ᠋ᠢ ᠵᠤᠷᠪᠤᠰ ᠪᠣᠯᠭᠠᠨ》ᠲᠣᠭᠲᠠᠭᠠᠵᠠᠢ᠃ᠡᠩ ᠲᠡᠷᠢᠭᠦᠨ ᠳ᠋ᠦ᠍ ᠮᠠᠮᠠ᠂ᠵᠣᠣ ᠪᠧᠢ᠂ᠳ᠋ᠦᠩ ᠸᠧᠨ ᠪᠢᠩ ᠵᠡᠷᠭᠡ ᠢᠲᠡᠭᠡᠯᠲᠦ ᠬᠥᠮᠦᠨ ᠢ᠋ᠶ᠋ᠡᠨ ᠶᠠᠨ ᠵᠢᠩ ᠴᠥᠯᠭᠡ ᠶ᠋ᠢᠨ ᠢᠯᠪᠢᠨ ᠲᠣᠬᠣᠨᠢᠭᠤᠯᠬᠤ ᠲᠦᠰᠢᠮᠡᠯ ᠢ᠋ᠶ᠋ᠡᠷ ᠲᠣᠮᠢᠯᠠᠵᠤ ᠤᠮᠠᠷᠠᠲᠤ ᠣᠷᠣᠨ ᠤ᠋ ᠨᠣᠶᠠᠷᠬᠠᠯ ᠢ᠋ᠶ᠋ᠠᠨ ᠴᠢᠩᠭᠠᠳᠬᠠᠪᠠ᠃4 ᠳ᠋ᠦ᠍ᠭᠡᠷ ᠰᠠᠷ᠎ᠠ ᠳ᠋ᠤ᠌ ᠲᠥᠪᠯᠡᠨ ᠵᠠᠰᠠᠬᠤ ᠶᠠᠮᠤᠨ ᠢ᠋ ᠪᠠᠢᠭᠤᠯᠤᠭᠠᠳ ᠳᠣᠲᠣᠭᠠᠳᠤ ᠭᠠᠳᠠᠭᠠᠳᠤ ᠶ᠋ᠢᠨ ᠣᠯᠠᠨ ᠶᠠᠮᠤᠨ ᠤ᠋ ᠵᠠᠰᠠᠭ ᠤ᠋ᠨ ᠦᠢᠯᠡ ᠶ᠋ᠢ ᠶᠡᠷᠦᠩᠬᠡᠢᠯᠡᠨ ᠵᠠᠬᠢᠷᠤᠭᠤᠯᠤᠭᠰᠠᠨ ᠶᠤᠮ᠃5 ᠳ᠋ᠤᠭᠠᠷ ᠰᠠᠷ᠎ᠠ ᠳ᠋ᠤ᠌ ᠬᠠᠭᠠᠨ ᠰᠠᠭᠤᠷᠢᠨ ᠢ᠋ ᠵᠠᠯᠭᠠᠮᠵᠢᠯᠠᠭᠰᠠᠨ ᠵᠣᠣ ᠪᠢᠴᠢᠭ ᠪᠠᠭᠤᠯᠭᠠᠵᠤ ᠪᠡᠶ᠎ᠡ ᠪᠡᠨ ᠬᠠᠭᠠᠨ ᠡᠷᠭᠦᠮᠵᠢᠯᠡᠭᠳᠡᠭᠰᠡᠨ ᠢ᠋ ᠲᠤᠩᠬᠠᠭᠯᠠᠵᠤ ᠶᠡᠬᠡ ᠮᠣᠩᠭᠣᠯ ᠤᠯᠤᠰ ᠤ᠋ᠨ ᠦᠶ᠎ᠡ ᠡᠴᠡ ᠬᠡᠷᠡᠭᠯᠡᠵᠦ ᠢᠷᠡᠭᠰᠡᠨ ᠠᠷᠪᠠᠨ ᠬᠣᠶᠠᠷ ᠵᠢᠯ ᠢ᠋ᠶ᠋ᠡᠷ ᠣᠨ ᠲᠣᠭᠠᠯᠠᠯ ᠢ᠋ ᠲᠡᠮᠳᠡᠭᠯᠡᠬᠦ ᠵᠤᠷᠰᠢᠯ ᠢ᠋ ᠡᠪᠳᠡᠨ ᠵᠦᠩ ᠲᠦᠩ ᠦ᠋ᠨ ᠣᠨ ᠬᠡᠮᠡᠪᠡ᠃ᠲᠡᠷᠡ ᠪᠠᠭᠤᠯᠭᠠᠭᠰᠠᠨ ᠵᠠᠷᠯᠢᠭ ᠲᠠᠭᠠᠨ᠄《ᠮᠡᠬᠦᠰ ᠬᠥᠮᠦᠨ ᠮᠢᠨᠦ ᠪᠡᠶ᠎ᠡ ᠤᠷᠢᠳᠤ ᠶ᠋ᠢᠨ ᠳᠦᠷᠢᠮᠲᠦ ᠬᠤᠪᠴᠠᠰᠤ ᠶ᠋ᠢ ᠤᠯᠠᠮᠵᠢᠯᠠᠵᠤ᠂ᠬᠠᠷᠢᠶ᠎ᠠ ᠨᠤᠲᠤᠭ ᠶᠤᠭᠠᠨ ᠥᠷᠭᠡᠳᠬᠡᠵᠦ ᠪᠣᠭᠳᠠ ᠮᠡᠷᠭᠡᠳ ᠦ᠋ᠨ ᠶᠡᠬᠡ ᠶᠣᠰᠣᠯᠠᠯ ᠢ᠋ ᠬᠢᠨᠠᠵᠤ ᠤᠷᠢᠳᠤᠬᠢ ᠦᠶᠡᠰ ᠦ᠋ᠨ ᠲᠣᠭᠲᠠᠭᠰᠠᠨ ᠶᠣᠰᠣ ᠶ᠋ᠢ ᠬᠢᠴᠢᠶᠡᠨ ᠰᠠᠬᠢᠪᠠ᠃ᠲᠡᠢᠨᠬᠦ ᠣᠨ ᠢ᠋ ᠬᠠᠯᠠᠨ ᠵᠢᠯ ᠢ᠋ ᠢᠯᠡᠳᠬᠡᠵᠦ ᠡᠭᠦᠪᠡᠷ ᠬᠥᠮᠦᠨ ᠦ᠌ ᠡᠵᠡᠳ ᠦ᠋ᠨ ᠲᠦᠮᠡᠨ ᠦᠶ᠎ᠡ ᠶ᠋ᠢᠨ ᠤᠯᠠᠮᠵᠢᠯᠠᠯ ᠢ᠋ ᠢᠯᠡᠳᠬᠡᠵᠡᠢ᠃ᠴᠠᠭ ᠢ᠋ ᠲᠡᠮᠳᠡᠭᠯᠡᠨ ᠬᠠᠭᠠᠳ ᠢ᠋ ᠰᠡᠢᠷᠡᠭᠦᠯᠦᠭᠡᠳ ᠳᠡᠯᠡᠬᠡᠢ ᠳ᠋ᠠᠬᠢᠨ ᠨᠢᠭᠡᠨ ᠭᠡᠷ ᠬᠡᠮᠡᠬᠦ ᠰᠠᠨᠠᠭ᠎ᠠ ᠶ᠋ᠢ ᠦᠵᠡᠭᠦᠯᠪᠡᠢ᠃ᠱᠠᠰᠢᠨᠲᠤ ᠨᠣᠮ ᠤ᠋ᠨ ᠲᠥᠪ ᠡᠭᠦᠰᠬᠡᠯ ᠢ᠋ ᠳᠦᠷᠢᠮᠯᠡᠵᠦ ᠵᠢᠷᠤᠬᠠᠢᠲᠤ ᠨᠣᠮ ᠤ᠋ᠨ ᠠᠩᠬ᠎ᠠ ᠡᠬᠢᠯᠡᠯᠲᠡ ᠶ᠋ᠢ ᠢᠯᠡᠳᠬᠡᠪᠡ᠃ᠬᠠᠭᠠᠨ ᠤ᠋ ᠪᠣᠳᠣᠯᠭ᠎ᠠ ᠨᠠᠷᠠᠨ ᠮᠡᠲᠦ ᠭᠡᠢᠭᠦᠯᠵᠦ᠂ᠡᠷᠬᠡ ᠲᠣᠪᠴᠢᠶᠠᠨ ᠢ᠋ᠶ᠋ᠠᠷ ᠶᠣᠰᠣᠨ ᠢ᠋ ᠵᠠᠰᠠᠬᠤ ᠪᠣᠢ ᠵ᠎ᠠ᠃ᠡᠢᠨᠬᠦ ᠴᠠᠭᠠᠨ ᠪᠡᠴᠢᠨ ᠵᠢᠯ ᠦ᠋ᠨ ᠲᠠᠪᠤᠳᠤᠭᠠᠷ ᠰᠠᠷ᠎ᠠ ᠶ᠋ᠢᠨ ᠠᠷᠪᠠ ᠶᠢᠰᠦᠨ ᠦ᠌ ᠡᠳᠦᠷ᠂ᠣᠨ ᠤ᠋ ᠴᠣᠯᠠ ᠶ᠋ᠢ ᠵᠦᠩ ᠲᠦᠩ ᠦ᠋ᠨ ᠲᠡᠷᠢᠭᠦᠨ ᠣᠨ ᠬᠡᠮᠡᠰᠦᠭᠡᠢ》ᠭᠡᠪᠡ᠃
ᠵᠠᠬᠢᠷᠤᠯ ᠤ᠋ᠨ ᠣᠷᠣᠨ ᠢ᠋ᠶ᠋ᠠᠨ ᠠᠷᠪᠠᠨ ᠴᠥᠯᠭᠡ ᠳ᠋ᠦ᠍ ᠬᠤᠪᠢᠶᠠᠷᠢᠯᠠᠨ ᠢᠲᠡᠭᠡᠯᠲᠦ ᠲᠦᠰᠢᠮᠡᠳ ᠢ᠋ᠶ᠋ᠡᠨ ᠴᠥᠯᠭᠡ ᠶ᠋ᠢᠨ ᠢᠯᠪᠢᠨ ᠲᠣᠬᠣᠨᠢᠭᠤᠯᠬᠤ ᠲᠦᠰᠢᠮᠡᠯ᠂ᠳᠡᠳ᠋ ᠲᠦᠰᠢᠮᠡᠯ ᠢ᠋ᠶ᠋ᠡᠷ ᠲᠣᠮᠢᠯᠠᠵᠤ ᠨᠣᠶᠠᠷᠬᠠᠯ ᠢ᠋ᠶ᠋ᠠᠨ ᠴᠢᠩᠭᠠᠳᠬᠠᠭᠰᠠᠨ ᠠᠵᠢ᠃

ᠱᠠᠩᠳᠤ ᠬᠠᠷᠠᠬᠣᠷᠣᠮ ᠤ᠋ᠨ ᠲᠡᠢᠨ

   ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠵᠤᠷᠰᠢᠯ ᠢ᠋ᠶ᠋ᠠᠷ ᠪᠣᠯ ᠶᠡᠬᠡ ᠬᠠᠭᠠᠨ ᠢ᠋ ᠰᠣᠩᠭᠣᠬᠤ ᠬᠤᠷᠠᠯᠳᠠᠢ ᠶ᠋ᠢ ᠵᠠᠪᠠᠯ ᠤᠨᠤᠨ ᠭᠣᠣᠯ ᠤ᠋ᠨ ᠣᠷᠴᠢᠮ ᠬᠤᠷᠠᠯᠳᠤᠭᠤᠯᠬᠤ ᠶᠣᠰᠣᠲᠠᠢ ᠪᠥᠭᠡᠳ ᠡᠯ᠎ᠡ ᠤᠭᠰᠠᠭ᠎ᠠ ᠠᠢᠮᠠᠭ ᠤ᠋ᠨ ᠲᠥᠷᠥᠯ  ᠦ᠋ᠨ ᠸᠠᠩ  ᠤ᠋ᠳ ᠢ᠋ ᠡᠷᠬᠡᠪᠰᠢ ᠣᠷᠣᠯᠴᠠᠭᠤᠯᠬᠤ ᠬᠡᠷᠡᠭᠲᠡᠢ ᠪᠢᠯᠡ᠃1260ᠣᠨ ᠤ᠋3ᠳ᠋ᠤᠭᠠᠷ ᠰᠠᠷ᠎ᠠ ᠳ᠋ᠤ᠌ ᠠᠷᠢᠭᠪᠣᠬ᠎ᠠ᠂ᠬᠠᠷᠠᠬᠣᠷᠣᠮ ᠤ᠋ᠨ ᠪᠠᠷᠠᠭᠤᠨ ᠪᠡᠶ᠎ᠡ ᠳ᠋ᠡᠬᠢ ᠠᠨᠳᠠᠨ ᠭᠣᠣᠯ ᠳ᠋ᠤ᠌ ᠶᠡᠬᠡ ᠬᠤᠷᠠᠯᠳᠠᠢ ᠬᠤᠷᠠᠯᠳᠤᠭᠤᠯᠵᠤ ᠮᠣᠩᠭᠣᠯ ᠤ᠋ᠨ ᠲᠥᠪ ᠨᠤᠲᠤᠭ ᠢ᠋ᠶ᠋ᠠᠨ ᠰᠠᠬᠢᠷ᠎ᠠ ᠦᠯᠡᠳᠡᠭᠰᠡᠨ ᠲᠥᠷᠥᠯ ᠦ᠋ᠨ ᠸᠠᠩ ᠥᠭᠡᠳᠡᠢ ᠶ᠋ᠢᠨ ᠬᠣᠢᠴᠢ ᠦᠶ᠎ᠡ ᠠᠰᠤᠲᠠᠢ᠂ᠮᠥᠩᠬᠡ ᠶ᠋ᠢᠨ ᠬᠥᠪᠡᠭᠦᠨ ᠤᠷᠤᠨᠳᠠᠰᠢ᠂ᠰᠠᠷᠬᠢ᠂ᠴᠠᠭᠠᠲᠠᠢ ᠶ᠋ᠢᠨ ᠬᠣᠢᠴᠢ ᠦᠶ᠎ᠡ ᠶ᠋ᠢᠨ ᠸᠠᠩ ᠠᠯᠤᠬᠤ᠂ᠬᠤᠯᠤᠭᠤ ᠶ᠋ᠢᠨ ᠬᠥᠪᠡᠭᠦᠨ ᠮᠣᠬᠠᠷ᠂ᠠᠯᠠᠭᠳᠠᠷ᠂ᠲᠣᠯᠢᠴᠢ᠂ᠪᠠᠲᠤ ᠶ᠋ᠢᠨ ᠡᠬᠡ ᠬᠤᠲᠤᠭᠲᠠᠢ᠂ᠴᠠᠭᠠᠲᠠᠢ ᠬᠠᠨ ᠤᠯᠤᠰ ᠤ᠋ᠨ ᠡᠵᠡᠨ ᠪᠣᠯᠭᠠᠢ᠂ᠠᠯᠲᠠᠨ ᠣᠷᠳᠣᠨ ᠬᠠᠨ ᠤᠯᠤᠰ ᠤ᠋ᠨ ᠡᠵᠡᠨ ᠪᠠᠯᠭᠠᠢ ᠶ᠋ᠢᠨ ᠳᠡᠮᠵᠢᠯᠭᠡ ᠪᠡᠷ ᠬᠠᠭᠠᠨ ᠰᠠᠭᠤᠷᠢᠨ ᠢ᠋ ᠵᠠᠯᠭᠠᠮᠵᠢᠯᠠᠪᠠ᠃ᠯᠢᠦ ᠫᠠᠨ ᠱᠠᠨ ᠠᠭᠤᠯᠠ ᠶ᠋ᠢ ᠰᠠᠬᠢᠭᠰᠠᠨ ᠶᠡᠬᠡ ᠵᠠᠩᠵᠤᠨ ᠬᠤᠨᠳᠤᠬᠠᠢ ᠵᠢᠴᠢ ᠲᠡᠭᠦᠨ ᠦ᠌ ᠬᠠᠷᠢᠶ᠎ᠠ ᠴᠧᠩᠳᠦ᠋ ᠬᠣᠲᠠ ᠶ᠋ᠢᠨ ᠰᠠᠬᠢᠭᠤᠯ ᠵᠠᠩᠵᠤᠨ ᠮᠢᠯᠢᠬᠤᠴᠠ᠂ᠴᠢᠩᠵᠥ᠋ᠢ ᠶ᠋ᠢᠨ ᠬᠠᠷᠢᠶ᠎ᠠ ᠵᠠᠩᠵᠤᠨ ᠬᠢᠳᠡᠳᠪᠤᠬ᠎ᠠ ᠨᠠᠷ ᠠᠷᠢᠭᠪᠣᠬ᠎ᠠ ᠶ᠋ᠢ ᠬᠦᠴᠦᠲᠡᠢ ᠳᠡᠮᠵᠢᠵᠦ ᠪᠠᠢᠵᠠᠢ᠃
    ᠨᠢᠭᠡᠳᠦᠮᠡᠯ ᠨᠢᠭᠡᠨ ᠤᠯᠤᠰ ᠲᠤ᠌ ᠬᠣᠶᠠᠷ ᠬᠠᠭᠠᠨ ᠵᠡᠷᠭᠡ ᠪᠡᠷ ᠰᠠᠭᠤᠷᠢᠨ ᠳ᠋ᠤ᠌ ᠰᠠᠭᠤᠭᠰᠠᠨ ᠲᠤᠯᠠ ᠬᠠᠭᠠᠨ ᠰᠠᠭᠤᠷᠢᠨ ᠪᠤᠯᠢᠶᠠᠯᠳᠤᠬᠤ ᠲᠡᠢᠨ ᠦ᠌ ᠲᠦᠢᠮᠡᠷ ᠰᠢᠲᠠᠬᠤ ᠨᠢ ᠥᠨᠥ ᠮᠠᠷᠭᠠᠰᠢ ᠶ᠋ᠢᠨ ᠬᠡᠷᠡᠭ ᠪᠣᠯᠵᠤᠬᠤᠢ᠃ᠵᠦᠩ ᠲᠦᠩ ᠦ᠋ᠨ ᠲᠡᠷᠢᠭᠦᠨ ᠣᠨ ᠤ᠋ ᠡᠪᠦᠯ᠂ᠬᠤᠪᠢᠯᠠᠢ ᠣᠯᠠᠨ ᠰᠠᠢᠳ ᠲᠦᠰᠢᠮᠡᠳ ᠲᠡᠢ ᠪᠡᠨ ᠶᠠᠷᠢᠯᠴᠠᠨ ᠵᠥᠪᠯᠡᠵᠦ ᠥᠪᠡᠷ ᠦ᠋ᠨ ᠪᠡᠶ᠎ᠡ ᠪᠡᠷ ᠢ᠋ᠶ᠋ᠡᠨ ᠴᠡᠷᠢᠭ ᠳᠠᠢᠴᠢᠯᠠᠨ ᠬᠠᠷᠠᠬᠣᠷᠣᠮ ᠢ᠋ ᠳᠠᠢᠯᠠᠵᠤ ᠠᠷᠢᠭᠪᠣᠬ᠎ᠠ ᠶ᠋ᠢ ᠴᠣᠬᠢᠬᠤ ᠪᠠᠷ ᠲᠣᠭᠲᠠᠪᠠ᠃ᠳᠣᠯᠣᠳᠤᠭᠠᠷ ᠰᠠᠷ᠎ᠠ ᠳ᠋ᠤ᠌ ᠬᠡᠢᠪᠤᠩ ᠪᠠᠯᠭᠠᠳ ᠠ᠋ᠴᠠ ᠮᠣᠷᠳᠠᠨ᠂ ᠶᠢᠰᠦᠳᠦᠭᠡᠷ ᠰᠠᠷ᠎ᠠ ᠳ᠋ᠤ᠌ ᠵᠤᠨᠳᠤᠷᠭ᠎ᠠ ᠬᠡᠮᠡᠬᠦ ᠭᠠᠵᠠᠷ ᠬᠣᠶᠠᠷ ᠲᠠᠯ᠎ᠠ ᠶ᠋ᠢᠨ ᠴᠡᠷᠢᠭ ᠵᠣᠯᠭᠠᠵᠤ ᠶᠡᠬᠡ ᠳᠠᠢᠯᠠᠯᠳᠤᠭᠠᠨ ᠡᠭᠦᠰᠴᠡᠢ᠃ᠠᠷᠢᠭᠪᠣᠬ᠎ᠠ ᠴᠡᠷᠢᠭ ᠳᠠᠷᠤᠭᠳᠠᠨ ᠪᠤᠷᠤᠭᠤᠯᠠᠵᠤ ᠺᠠᠮ ᠺᠠᠮᠵᠤᠳ ᠵᠦᠭ ᠳᠤᠲᠠᠭᠠᠪᠠ᠃ᠠᠷᠢᠭᠪᠣᠬ᠎ᠠ ᠡᠯᠴᠢ ᠢᠯᠡᠬᠡᠨ ᠬᠤᠪᠢᠯᠠᠢ ᠯᠤᠭ᠎ᠠ ᠪᠣᠯᠵᠣᠭ᠎ᠠ ᠲᠣᠭᠲᠠᠵᠤ ᠪᠠᠷᠠᠭᠤᠨ ᠬᠣᠢᠲᠤ ᠣᠷᠣᠨ ᠤ᠋ ᠣᠯᠠᠨ ᠸᠠᠩ ᠤ᠋ᠳ ᠢ᠋ ᠤᠷᠢᠨ ᠵᠠᠯᠠᠵᠤ ᠠᠯᠪᠠᠨ ᠶᠣᠰᠣᠭᠠᠷ ᠬᠠᠭᠠᠨ ᠰᠣᠩᠭᠣᠬᠤ ᠬᠤᠷᠠᠯᠳᠠᠢ ᠬᠤᠷᠠᠬᠤ ᠪᠠᠷ ᠲᠣᠭᠲᠠᠭᠰᠠᠨ ᠪᠤᠶᠤ᠃ᠬᠤᠪᠢᠯᠠᠢ ᠶ᠋ᠢᠨ ᠵᠠᠷᠯᠢᠭ ᠢ᠋ᠶ᠋ᠠᠷ ᠲᠥᠷᠥᠯ ᠦ᠋ᠨ ᠸᠠᠩ ᠶᠢᠰᠤᠩᠭᠡ᠂ᠨᠢᠭᠡᠨ ᠰᠠᠯᠠᠭ᠎ᠠ ᠴᠡᠷᠢᠭ ᠠᠪᠴᠤ ᠬᠠᠷᠠᠬᠣᠷᠣᠮ ᠢ᠋ ᠰᠠᠬᠢᠨ ᠰᠠᠭᠤᠭᠠᠳ ᠠᠷᠢᠭᠪᠣᠬ᠎ᠠ ᠶ᠋ᠢ ᠰᠡᠷᠭᠡᠢᠯᠡᠪᠡ᠃ᠠᠷᠪᠠᠳᠤᠭᠠᠷ ᠰᠠᠷ᠎ᠠ ᠳ᠋ᠤ᠌ ᠬᠤᠪᠢᠯᠠᠢ ᠶᠡᠬᠡ ᠴᠡᠷᠢᠭ ᠢ᠋ᠶ᠋ᠡᠨ ᠠᠪᠤᠨ ᠬᠡᠢᠪᠤᠩ ᠪᠠᠯᠭᠠᠳ ᠲᠠᠭᠠᠨ ᠪᠤᠴᠠᠵᠠᠢ᠃ᠵᠦᠩ ᠲᠦᠩ ᠦ᠋ᠨ ᠬᠣᠶᠠᠳᠤᠭᠠᠷ ᠣᠨ(1261ᠣᠨ) ᠤ᠋ ᠬᠣᠶᠠᠳᠤᠭᠠᠷ ᠰᠠᠷ᠎ᠠ ᠳ᠋ᠤ᠌ ᠬᠤᠪᠢᠯᠠᠢ ᠬᠠᠭᠠᠨ ᠭᠣᠪᠢ ᠶ᠋ᠢᠨ ᠠᠷᠤ ᠳ᠋ᠤ᠌ ᠭᠠᠷᠭᠠᠬᠤ ᠳᠣᠲᠣᠷ᠎ ᠭᠠᠵᠠᠷ ᠤ᠋ᠨ ᠡᠳ᠋ ᠪᠠᠷᠠᠭᠠᠨ ᠤ᠋ ᠬᠠᠩᠭᠠᠯᠭ᠎ᠠ ᠶ᠋ᠢ ᠲᠠᠰᠤ ᠵᠣᠭᠰᠣᠭᠠᠬᠤ ᠵᠠᠷᠯᠢᠭ ᠪᠠᠭᠤᠯᠭᠠᠭᠰᠠᠨ ᠢ᠋ᠶ᠋ᠠᠷ ᠠᠷᠢᠬᠪᠤᠬ᠎ᠠ ᠭᠠᠴᠢᠭᠳᠠᠯ ᠲᠠᠢ ᠪᠠᠢᠳᠠᠯ ᠳ᠋ᠤ᠌ ᠲᠤᠯᠭᠠᠷᠠᠪᠠ᠃ᠠᠷᠢᠬᠪᠤᠬ᠎ᠠ ᠥᠪᠡᠷ ᠦ᠋ᠨ ᠬᠤᠪᠢ ᠭᠠᠵᠠᠷ ᠺᠡᠮ ᠺᠠᠮᠵᠤᠳ ᠪᠣᠯᠤᠨ ᠠᠯᠲᠠᠢ ᠠᠭᠤᠯᠠ ᠪᠠᠷ ᠰᠠᠭᠤᠷᠢᠨ ᠭᠠᠵᠠᠷ ᠪᠣᠯᠭᠠᠨ ᠵᠠᠷ ᠵᠡᠪᠰᠡᠭ᠂ᠠᠮᠤ ᠬᠦᠨᠡᠰᠦ ᠬᠤᠷᠢᠶᠠᠯᠭᠠᠵᠤ ᠬᠦᠴᠢᠷᠳᠡᠯ ᠢ᠋ᠶ᠋ᠡᠨ ᠲᠠᠰᠤᠯᠵᠤ ᠪᠠᠢᠯ᠎ᠠ᠃ᠶᠢᠰᠦᠳᠦᠭᠡᠷ ᠰᠠᠷ᠎ᠠ ᠳ᠋ᠤ᠌ ᠠᠷᠢᠬᠪᠤᠬ᠎ᠠ ᠣᠢᠷᠠᠳ ᠵᠡᠷᠭᠡ ᠠᠢᠮᠠᠭ ᠤ᠋ᠳ ᠤ᠋ᠨ ᠣᠯᠠᠨ ᠠᠪᠴᠤ ᠬᠠᠷᠠᠬᠣᠷᠣᠮ ᠳ᠋ᠤ᠌ ᠢᠷᠡᠭᠡᠳ ᠳᠤᠷᠠᠲᠠᠶ᠎ᠠ ᠣᠷᠣᠵᠤ ᠥᠭᠰᠦᠭᠡᠢ ᠭᠡᠮᠡᠨ ᠬᠤᠳᠠᠯ ᠬᠡᠯᠡᠵᠦ ᠶᠢᠰᠦᠩᠭᠡ ᠶ᠋ᠢ ᠳᠠᠯᠳᠠᠭᠤᠷ ᠭᠡᠨᠡᠳᠡᠭᠦᠯᠦᠨ ᠳᠠᠭᠠᠷᠢᠵᠤ ᠬᠠᠷᠠᠬᠣᠷᠣᠮ ᠢ᠋ ᠪᠤᠯᠢᠶᠠᠨ ᠡᠵᠡᠯᠡᠭᠡᠳ ᠡᠮᠦᠨᠡᠰᠢ ᠴᠡᠷᠢᠭ ᠣᠷᠣᠪᠠ᠃ᠬᠤᠪᠢᠯᠠᠢ ᠪᠠᠴᠢᠮ ᠶᠠᠭᠠᠷᠠᠤ ᠵᠠᠷᠯᠢᠭ ᠪᠠᠭᠤᠯᠭᠠᠵᠤ ᠵᠠᠩ ᠺᠧᠦ᠂ᠶᠠᠩ ᠵᠦᠩ ᠰᠧ᠂ᠵᠠᠩ ᠾᠦᠩ ᠨᠠᠷ ᠤ᠋ᠨ ᠬᠠᠷᠢᠶ᠎ᠠ ᠬᠢᠲᠠᠳ ᠴᠡᠷᠢᠭ ᠢ᠋ ᠳᠠᠭᠤᠳᠠᠭᠤᠯᠤᠨ ᠳ᠋ᠦᠩ ᠸᠸᠨ ᠪᠢᠩ ᠢ᠋ 1000ᠬᠠᠷᠪᠤᠭᠠᠴᠢ ᠠᠪᠴᠤ᠂ᠲᠠᠴᠢᠷ ᠢ᠋10000ᠴᠡᠷᠢᠭ ᠠᠪᠴᠤ ᠨᠠᠮᠠᠶ᠋ᠢ ᠳᠠᠭᠠᠨ ᠪᠠᠢᠯᠳᠤᠬᠤ ᠪᠠᠷ ᠮᠣᠷᠳᠠᠭᠠᠳᠤᠢ ᠭᠡᠮᠡᠨ  ᠵᠠᠷᠯᠢᠭ᠍ᠯᠡᠪᠡ᠃ᠸᠠᠩ ᠨᠣᠶᠠᠨ ᠬᠠᠳᠠᠨ᠂ᠬᠦᠷᠭᠡᠨ ᠯᠡᠵᠢᠨ᠂ᠴᠢᠩᠰᠠᠩ ᠰᠡᠩᠭᠦᠮ ᠵᠢᠴᠢ ᠣᠷᠤᠭᠤᠳ ᠮᠠᠩᠭᠤᠳ ᠬᠣᠶᠠᠷ ᠠᠢᠮᠠᠭ ᠤ᠋ᠨ ᠴᠡᠷᠢᠭ ᠪᠠᠷᠠᠭᠤᠨ ᠵᠠᠮ ᠤ᠋ᠨ ᠴᠡᠷᠢᠭ ᠪᠣᠯᠵᠤ᠂ᠸᠠᠩ ᠨᠣᠶᠠᠨ ᠲᠠᠴᠠᠷ᠂ᠲᠠᠭᠴᠤᠲᠠᠢ᠂ᠱᠢ ᠲᠢᠶᠠᠨ ᠽᠧ ᠨᠠᠷ ᠤ᠋ᠨ ᠵᠡᠭᠦᠨ ᠵᠠᠮ ᠤ᠋ᠨ ᠴᠡᠷᠢᠭ᠂ᠸᠠᠩ ᠨᠣᠶᠠᠨ ᠬᠠᠪᠢᠴᠢ ᠳᠤᠮᠳᠠᠳᠤ ᠵᠠᠮ ᠤ᠋ᠨ ᠴᠡᠷᠢᠭ ᠪᠣᠯᠵᠤ ᠬᠦᠴᠦᠨ ᠬᠠᠮᠲᠤᠳᠬᠠᠨ ᠤᠮᠠᠷᠠᠰᠢ ᠳᠠᠢᠯᠠᠪᠠ ᠃ ᠠᠷᠪᠠᠨ ᠨᠢᠭᠡᠳᠦᠭᠡᠷ ᠰᠠᠷ᠎ᠠ ᠳ᠋ᠤ᠌ ᠬᠤᠪᠢᠯᠠᠢ ᠶ᠋ᠢᠨ ᠵᠠᠬᠢᠷᠤᠭᠰᠠᠨ ᠬᠠᠭᠠᠨ ᠤ᠋ ᠶᠡᠬᠡ ᠴᠡᠷᠢᠭ ᠰᠢᠮᠨᠠᠭᠤᠷ ᠬᠡᠮᠡᠬᠦ ᠭᠠᠵᠠᠷ ᠠᠷᠢᠬᠪᠤᠬ᠎ᠠ ᠶ᠋ᠢᠨ ᠴᠡᠷᠢᠭ ᠯᠦ᠍ᠭᠡ ᠶᠡᠬᠡ ᠪᠠᠢᠯᠳᠤᠭᠠᠨ ᠬᠢᠵᠦ᠂ᠠᠷᠢᠬᠪᠤᠬ᠎ᠠ ᠶ᠋ᠢᠨ ᠭᠠᠷ ᠳᠣᠣᠷᠠᠬᠢ ᠶᠡᠬᠡ ᠵᠠᠩᠵᠤᠨ ᠬᠣᠷᠴᠢ ᠠᠯᠠᠭᠳᠠᠪᠠ᠃ᠲᠠᠴᠠᠷ᠂ᠬᠠᠪᠢᠴᠢ ᠬᠣᠶᠠᠷ ᠴᠡᠷᠢᠭ ᠰᠠᠯᠭᠠᠨ ᠭᠠᠪᠰᠢᠭᠠᠢᠯᠠᠨ ᠳᠠᠭᠠᠷᠢᠵᠤ ᠣᠢᠷᠠᠳ ᠤ᠋ᠨ ᠴᠡᠷᠢᠭ ᠢ᠋ ᠶᠡᠬᠡᠲᠡᠨ ᠳᠡᠢᠯᠦᠭᠰᠡᠨ᠎ᠡ ᠠᠷᠤ ᠭᠠᠵᠠᠷ ᠤ᠋ᠨ ᠴᠡᠷᠢᠭ ᠰᠠᠷᠨᠢᠨ ᠪᠤᠷᠤᠭᠤᠯᠠᠪᠠᠢ᠃ᠬᠤᠪᠢᠯᠠᠢ ᠬᠠᠷᠠᠬᠣᠷᠣᠮ ᠤ᠋ᠨ ᠡᠮᠦᠨ᠎ᠡ ᠵᠠᠬ᠎ᠠ ᠬᠦᠷᠲᠡᠯ᠎ᠡ ᠨᠡᠬᠡᠮᠵᠢᠯᠡᠵᠦ ᠴᠡᠷᠢᠭ ᠢ᠋ᠶ᠋ᠡᠨ ᠲᠠᠲᠠᠪᠠ᠃ᠠᠯᠤᠬᠤ᠂ᠴᠠᠭᠠᠲᠠᠢ ᠬᠠᠭᠠᠨᠲᠤ ᠤᠯᠤᠰ ᠤ᠋ᠨ ᠬᠠᠭᠠᠨ ᠣᠷᠣ ᠰᠠᠭᠤᠭᠰᠠᠨ ᠬᠣᠢᠨ᠎ᠠ ᠠᠷᠢᠬᠪᠤᠬ᠎ᠠ ᠶ᠋ᠢᠨ ᠵᠠᠬᠢᠶ᠎ᠠ ᠵᠠᠷᠯᠢᠭ ᠢ᠋ ᠰᠣᠨᠣᠰᠬᠤ ᠪᠠᠨ ᠪᠤᠯᠢᠭᠰᠠᠨ᠎ᠠ ᠡᠳ᠋ ᠪᠣᠳᠠᠰ ᠤ᠋ᠨ ᠲᠤᠰᠠᠯᠠᠮᠵᠢ ᠥᠭᠬᠦ ᠨᠢ ᠲᠠᠰᠤᠷᠠᠵᠠᠢ᠃ᠬᠠᠷᠠᠬᠣᠷᠣᠮ ᠬᠣᠲᠠ ᠶ᠋ᠢᠨ ᠢᠳᠡᠵᠦ  ᠤᠤᠭᠤᠬᠤ ᠶᠠᠭᠤᠮ᠎ᠠ ᠶ᠋ᠢ ᠶᠡᠷᠦ ᠨᠢ ᠬᠢᠲᠠᠳ ᠭᠠᠵᠠᠷ ᠠ᠋ᠴᠠ ᠶᠡᠬᠡ ᠲᠡᠷᠭᠡ ᠪᠡᠷ ᠵᠥᠭᠡᠭᠡᠨ ᠠᠪᠴᠢᠷᠠᠳᠠᠭ ᠪᠠᠢᠪᠠ᠃ᠬᠤᠪᠢᠯᠠᠢ ᠬᠠᠭᠠᠨ ᠵᠥᠭᠡᠭᠡᠪᠦᠷᠢ ᠶ᠋ᠢᠨ ᠵᠠᠮ ᠢ᠋ ᠲᠠᠰᠤᠯᠤᠭᠰᠠᠨ ᠢ᠋ᠶ᠋ᠠᠷ ᠲᠡᠨᠳᠡ ᠶᠡᠬᠡ ᠭᠠᠴᠢᠭ ᠪᠣᠯᠵᠤ ᠪᠠᠷᠠᠭᠠᠨ ᠤ᠋ ᠦᠨ᠎ᠡ ᠬᠠᠩᠰᠢ ᠨᠢᠰᠬᠦ ᠮᠡᠲᠦ ᠲᠦᠷᠭᠡᠨ ᠦᠰᠪᠡ᠃ᠳᠥᠷᠪᠡᠨ ᠵᠢᠯ ᠭᠠᠷᠤᠢ ᠶ᠋ᠢᠨ ᠲᠡᠢᠨ ᠲᠤᠯᠤᠯᠳᠤᠭᠠᠨ ᠢ᠋ ᠥᠩᠭᠡᠷᠡᠭᠦᠯᠦᠭᠡᠳ ᠠᠷᠢᠬᠪᠤᠬ᠎ᠠ ᠵᠡᠭᠦᠨ ᠪᠠᠷᠠᠭᠤᠨ ᠬᠣᠶᠠᠷ ᠲᠠᠯ᠎ᠠ ᠶ᠋ᠢᠨ ᠴᠡᠷᠢᠭ ᠮᠣᠷᠢᠨ ᠳ᠋ᠤ᠌ ᠬᠠᠪᠴᠢᠭᠳᠠᠵᠤ ᠬᠠᠷᠢᠶ᠎ᠠ ᠣᠯᠠᠨ ᠨᠢ ᠤᠷᠪᠠᠨ ᠲᠡᠷᠰᠯᠡᠵᠦ ᠬᠠᠯᠠᠭᠤᠨ ᠡᠯᠢᠭᠡᠳᠡᠨ ᠨᠢ ᠬᠠᠭᠠᠴᠠᠨ ᠰᠠᠯᠤᠭᠠᠳ ᠳᠠᠮᠵᠢᠨ ᠲᠤᠰᠠᠯᠠᠭᠴᠢᠳ ᠨᠢ ᠵᠡᠷᠭᠡ ᠵᠡᠷᠭᠡ ᠪᠡᠷ ᠬᠤᠪᠢᠯᠠᠢ ᠳ᠋ᠤ᠌ ᠪᠠᠭᠤᠵᠤ ᠥᠭᠭᠦᠯ᠎ᠡ᠃ᠬᠥᠮᠦᠨ ᠦ᠌ ᠰᠡᠳᠬᠢᠯ ᠢ᠋ ᠠᠯᠳᠠᠵᠤ ᠲᠩᠷᠢ ᠶ᠋ᠢᠨ ᠭᠠᠮᠰᠢᠭ ᠲᠣᠬᠢᠶᠠᠯᠳᠤᠭᠰᠠᠨ ᠢ᠋ᠶ᠋ᠠᠷ ᠠᠷᠢᠬᠪᠤᠬ᠎ᠠ ᠳᠠᠬᠢᠨ ᠪᠠᠢᠯᠳᠤᠬᠤ ᠲᠡᠩᠬᠡᠭᠡ ᠴᠢᠳᠠᠯ ᠲᠠᠰᠤᠷᠠᠵᠤ ᡁᠢ ᠶᠤᠸᠠᠨ ᠤ᠋ ᠲᠡᠷᠢᠭᠦᠨ ᠣᠨ(1264ᠣᠨ) ᠤ᠋ ᠳᠣᠯᠣᠳᠤᠭᠠᠷ ᠰᠠᠷ᠎ᠠ ᠳ᠋ᠤ᠌ ᠬᠤᠪᠢᠯᠠᠢ ᠬᠠᠭᠠᠨ ᠳ᠋ᠤ᠌ ᠪᠠᠭᠤᠵᠤ ᠥᠭᠴᠡᠢ᠃ᠬᠤᠪᠢᠯᠠᠢ ᠠᠷᠢᠬᠪᠤᠬ᠎ᠡ ᠡᠴᠡ᠄《ᠴᠢ ᠪᠢᠳᠡ ᠬᠣᠶᠠᠷ ᠤ᠋ᠨ ᠬᠡᠨ ᠦ᠌ ᠬᠢᠨᠢ ᠲᠠᠭᠠᠷᠠᠮᠤᠢ?ᠭᠡᠮᠡᠨ ᠠᠰᠠᠭᠤᠭᠰᠠᠨ ᠳ᠋ᠤ᠌ ᠠᠷᠢᠬᠪᠤᠬ᠎ᠡ᠄《ᠥᠩᠭᠡᠷᠡᠭᠰᠡᠨ ᠳ᠋ᠦ᠍ ᠪᠣᠯᠬᠤᠯ᠎ᠠ ᠮᠢᠨᠦ ᠬᠢᠭᠰᠡᠨ ᠢᠨᠦ ᠵᠦᠢ ᠪᠣᠯᠠᠢ᠂ᠥᠨᠥᠳᠥᠷ ᠦ᠋ᠨ ᠬᠤᠪᠢ ᠳ᠋ᠤ᠌ ᠪᠣᠯᠬᠤᠯ᠎ᠠ ᠴᠢᠨᠦ ᠬᠢᠭᠰᠡᠨ ᠢᠨᠦ ᠵᠦᠢ ᠪᠣᠯᠠᠢ》ᠬᠡᠮᠡᠪᠡ᠃ᠬᠤᠪᠢᠯᠠᠢ ᠵᠠᠷᠯᠢᠭ ᠪᠠᠭᠤᠯᠭᠠᠨ ᠠᠷᠢᠬᠪᠤᠬ᠎ᠡ ᠶ᠋ᠢ ᠡᠷᠭᠦᠨ ᠬᠠᠭᠠᠨ ᠣᠷᠣ ᠰᠠᠭᠤᠯᠭᠠᠭᠰᠠᠨ ᠣᠯᠠᠨ ᠲᠦᠰᠢᠮᠡᠳ ᠢ᠋ ᠰᠢᠭᠦᠨ ᠠᠰᠠᠭᠤᠯᠭᠠᠵᠤ ᠪᠣᠯᠤᠬᠠᠨ ᠵᠡᠷᠭᠡ ᠶ᠋ᠢᠨ ᠲᠦᠰᠢᠮᠡᠳ ᠢ᠋ ᠴᠠᠭᠠᠵᠠ ᠪᠠᠷ ᠠᠯᠠᠭᠤᠯᠪᠠ᠃ᠬᠠᠷᠠᠬᠣᠷᠣᠮ ᠤ᠋ᠨ ᠨᠡᠢᠰᠯᠡᠯ ᠪᠠᠢᠭᠰᠠᠨ ᠪᠠᠢᠷᠢ ᠰᠠᠭᠤᠷᠢ ᠶ᠋ᠢ ᠪᠠᠭᠤᠷᠠᠭᠤᠯᠵᠤ ᠢᠯᠪᠢᠨ ᠲᠣᠬᠣᠨᠢᠭᠤᠯᠬᠤ ᠶᠠᠮᠤᠨ ᠤ᠋ ᠶᠡᠷᠦᠩᠬᠡᠢ ᠶᠤᠸᠠᠨᠱᠤᠸᠠᠢ ᠶ᠋ᠢᠨ ᠣᠷᠳᠣᠨ ᠢ᠋ ᠪᠠᠢᠭᠤᠯᠬᠤ ᠭᠣᠪᠢ ᠶ᠋ᠢᠨ ᠠᠷᠤ ᠶ᠋ᠢᠨ ᠵᠠᠬᠢᠷᠤᠭᠤᠯᠤᠭᠰᠠᠨ ᠪᠠᠢᠵᠠᠢ᠃

ᠲᠡᠮᠦᠷ ᠱᠠᠩᠳᠤ ᠨᠡᠢᠰᠯᠡᠯ ᠳ᠋ᠦ᠍ ᠬᠠᠭᠠᠨ ᠣᠷᠣ ᠰᠠᠭᠤᠪᠠ

   ᠬᠢᠶᠠᠳ ᠶᠠᠰᠤᠨ ᠤ᠋ ᠪᠣᠷᠵᠢᠬᠢᠤᠨ ᠣᠪᠣᠭᠲᠠᠨ ᠲᠡᠮᠦᠷ ᠪᠣᠯ ᠬᠤᠪᠢᠯᠠᠢ ᠬᠠᠭᠠᠨ ᠤ᠋ ᠬᠥᠪᠡᠭᠦᠨ ᠴᠢᠩᠭᠢᠮ ᠬᠣᠩ ᠲᠠᠢᠵᠢ ᠶ᠋ᠢᠨ ᠭᠤᠷᠪᠠᠳᠤᠭᠠᠷ ᠬᠦᠦ ᠪᠢᠯᠡ᠃1265ᠣᠨ ᠳ᠋ᠤ᠌ ᠬᠣᠩᠭᠢᠷᠠᠳ ᠬᠠᠲᠤᠨ ᠠ᠋ᠴᠠ ᠲᠥᠷᠥᠵᠡᠢ᠃22ᠨᠠᠰᠤᠲᠠᠢ ᠳ᠋ᠠᠭᠠᠨ ᠬᠤᠪᠢᠯᠠᠢ ᠶ᠋ᠢ ᠳᠠᠭᠠᠵᠤ ᠤᠮᠠᠷᠠᠰᠢ ᠳᠠᠢᠯᠠᠨ ᠨᠢᠶᠠᠨ ᠤ᠋ ᠤᠷᠪᠠᠯᠭᠠᠨ ᠢ᠋ ᠳᠠᠷᠤᠵᠤ ᠳᠠᠷᠠᠭ᠎ᠠ ᠨᠢ ᠬᠠᠭᠠᠨ ᠤ᠋ ᠵᠠᠷᠯᠢᠭ ᠢ᠋ᠶ᠋ᠠᠷ ᠯᠢᠶᠣᠤᠳ᠋ᠦ᠋ᠩ ᠳ᠋ᠦ᠍ ᠬᠦᠷᠴᠦ ᠡᠰᠢᠲᠡᠮᠤᠷ ᠯᠤᠭ᠎ᠠ ᠬᠦᠴᠦᠨ ᠬᠠᠮᠲᠤᠷᠠᠵᠤ ᠬᠠᠳᠠᠨ ᠤ᠋ ᠤᠷᠪᠠᠯᠭᠠᠨ ᠢ᠋ ᠳᠠᠷᠤᠭᠠᠳ ᠶᠡᠬᠡᠳᠡ ᠭᠠᠪᠢᠶ᠎ᠠ ᠪᠠᠢᠭᠤᠯᠤᠭᠰᠠᠨ ᠠᠵᠢ᠃1293 ᠣᠨ ᠳ᠋ᠤ᠌ ᠬᠣᠩ ᠲᠠᠢᠵᠢ ᠡᠷᠭᠦᠮᠵᠢᠯᠡᠭᠳᠡᠭᠡᠳ ᠤᠮᠠᠷᠠᠲᠤ ᠬᠢᠵᠠᠭᠠᠷ ᠢ᠋ ᠰᠠᠬᠢᠪᠠ᠃ᡁᠢ ᠶᠤᠸᠠᠨ ᠤ᠋ ᠭᠤᠴᠢᠨ ᠨᠢᠭᠡᠳᠦᠭᠡᠷ ᠣᠨ(1294ᠣᠨ) ᠤ᠋ ᠴᠠᠭᠠᠨ ᠰᠠᠷ᠎ᠠ ᠬᠤᠪᠢᠯᠠᠢ ᠡᠪᠡᠳᠴᠢᠨ ᠢ᠋ᠶ᠋ᠡᠷ ᠲᠩᠷᠢ ᠳ᠋ᠦ᠍ ᠬᠠᠯᠢᠭᠰᠠᠨ ᠭᠠᠰᠢᠭᠤᠳᠠᠯ ᠤ᠋ᠨ ᠮᠡᠳᠡᠭᠡ ᠶ᠋ᠢ ᠰᠣᠨᠣᠰᠤᠭᠠᠳ ᠲᠡᠮᠦᠷ ᠱᠠᠩᠳᠤ ᠬᠣᠲᠠᠨ᠎ᠡ ᠬᠦᠷᠴᠦ ᠢᠷᠡᠪᠡ᠃ᠬᠠᠭᠠᠨ ᠤᠭᠰᠠᠭᠠᠨ ᠤ᠋ ᠣᠯᠠᠨ ᠸᠠᠩ ᠨᠣᠶᠠᠳ ᠱᠠᠩᠳᠤ ᠨᠡᠢᠰᠯᠡᠯ ᠳ᠋ᠦ᠍ ᠴᠤᠭᠯᠠᠷᠠᠵᠤ ᠰᠢᠨ᠎ᠡ ᠡᠵᠡᠨ ᠢ᠋ ᠡᠷᠭᠦᠮᠵᠢᠯᠡᠬᠦ ᠬᠤᠷᠠᠯᠲᠠᠢ ᠬᠤᠷᠠᠯᠳᠤᠵᠠᠢ᠃ᠰᠢᠳᠠᠷ ᠲᠦᠰᠢᠮᠡᠯ ᠡᠰᠢᠲᠡᠮᠤᠷ᠄《ᠬᠤᠪᠢᠯᠠᠢ ᠬᠠᠭᠠᠨ ᠲᠩᠷᠢ ᠳ᠋ᠦ᠍ ᠬᠠᠯᠢᠭᠠᠳ ᠭᠤᠷᠪᠠᠨ ᠰᠠᠷ᠎ᠠ ᠭᠠᠷᠤᠢ ᠪᠣᠯᠵᠤᠬᠤᠢ᠃ᠬᠠᠭᠠᠨ ᠣᠷᠣ ᠶ᠋ᠢ ᠤᠳᠠᠭᠠᠨ ᠡᠳᠦᠷ ᠬᠣᠭᠣᠰᠣᠨ ᠪᠠᠢᠯᠭᠠᠵᠤ ᠬᠡᠷᠬᠢᠨ ᠪᠣᠯᠬᠤ ᠠᠵᠢ᠃ᠡᠪᠦᠭᠡᠳ ᠦ᠋ᠨ ᠰᠦᠮ᠎ᠡ ᠶ᠋ᠢ ᠲᠠᠬᠢᠬᠤ ᠬᠥᠮᠦᠨ ᠢ᠋ ᠡᠷᠲᠡᠬᠡᠨ ᠲᠣᠭᠲᠠᠭᠠᠪᠠᠰᠤ ᠵᠦᠢ ᠪᠢᠯᠡ᠃ᠬᠣᠩ ᠲᠠᠢᠵᠢ ᠶ᠋ᠢᠨ ᠲᠠᠮᠠᠭ᠎ᠠ ᠶ᠋ᠢ ᠬᠦᠷᠲᠡᠭᠰᠡᠨ ᠬᠥᠮᠦᠨ ᠪᠣᠢ ᠠᠲᠠᠯ᠎ᠠ ᠲᠥᠷᠥᠯ ᠦ᠋ᠨ ᠠᠬ᠎ᠠ ᠳᠡᠭᠦᠦ ᠨᠠᠷ ᠶᠠᠭᠤᠨ ᠳ᠋ᠤ᠌ ᠳᠤᠭᠤᠢ ᠰᠠᠭᠤᠬᠤ ᠪᠣᠢ?》ᠬᠡᠮᠡᠪᠡ᠃ᠴᠢᠩᠭᠢᠮ ᠦ᠋ᠨ ᠠᠬᠠᠮᠠᠳ ᠬᠥᠪᠡᠭᠦᠨ ᠭᠠᠮᠪᠠᠯ᠄《ᠲᠡᠮᠦᠷ ᠶᠡᠬᠡ ᠰᠠᠭᠤᠷᠢᠨ ᠳ᠋ᠤ᠌ ᠰᠠᠭᠤᠪᠠᠰᠤ᠂ ᠪᠢ ᠳᠤᠷᠠᠲᠠᠶ᠎ᠠ ᠲᠦᠰᠢᠮᠡᠯ ᠪᠣᠯᠵᠤ ᠬᠦᠴᠦ ᠪᠡᠨ ᠡᠷᠭᠦᠶ᠎ᠡ》ᠭᠡᠮᠡᠨ ᠢᠯᠡᠷᠬᠡᠢᠯᠡᠭᠰᠡᠨ᠎ᠡ ᠬᠠᠭᠠᠨ ᠤ᠋ ᠠᠯᠲᠠᠨ ᠤᠷᠤᠭ ᠤ᠋ᠨ ᠬᠥᠪᠡᠭᠦᠳ᠂ᠰᠢᠳᠠᠷ ᠲᠦᠰᠢᠮᠡᠳ ᠲᠡᠮᠦᠷ ᠢ᠋ ᠰᠣᠩᠭᠣᠵᠤ ᠬᠠᠭᠠᠨ ᠰᠠᠭᠤᠷᠢᠨ ᠳ᠋ᠤ᠌ ᠰᠠᠭᠤᠯᠭᠠᠪᠠ᠃ᠣᠨ ᠤ᠋ ᠴᠣᠯᠠ ᠶ᠋ᠢ ᠬᠠᠯᠠᠵᠤ ᠳᠠ ᠲᠧ ᠶ᠋ᠢᠨ ᠲᠡᠷᠢᠭᠦᠨ ᠣᠨ ᠬᠡᠮᠡᠪᠡ᠃ᠲᠡᠮᠦᠷ ᠢ᠋ ᠮᠣᠩᠭᠣᠯ ᠢ᠋ᠶ᠋ᠠᠷ ᠥᠯᠵᠡᠢᠲᠦ ᠬᠠᠭᠠᠨ᠂ ᠬᠢᠲᠠᠳ ᠢ᠋ᠶ᠋ᠠᠷ ᠴᠸᠩᠽᠦᠩ ᠬᠠᠭᠠᠨ ᠭᠡᠳᠡᠭ᠃
   1295ᠣᠨ ᠳ᠋ᠤ᠌ ᠲᠡᠮᠦᠷ ᠬᠠᠭᠠᠨ᠄《ᠡᠳᠦᠭᠡ ᠳᠡᠯᠡᠬᠡᠢ ᠳ᠋ᠠᠬᠢᠨ ᠨᠢᠭᠡᠨᠲᠡ ᠠᠮᠤᠷ ᠲᠦᠪᠰᠢᠨ ᠪᠣᠯᠤᠭᠰᠠᠨ ᠲᠤᠯᠠ ᠤᠯᠤᠰ ᠭᠦᠷᠦᠨ ᠢ᠋ ᠵᠠᠰᠠᠵᠤ ᠴᠢᠳᠠᠬᠤ ᠡᠷᠳᠡᠮᠲᠡᠨ ᠮᠡᠷᠭᠡᠳ ᠢ᠋ ᠶᠡᠬᠡᠪᠡᠷ ᠡᠯᠰᠡᠨ ᠰᠣᠩᠭᠣᠵᠤ ᠬᠡᠷᠡᠭᠯᠡᠬᠦ ᠬᠡᠷᠡᠭᠲᠡᠢ》ᠭᠡᠵᠦ ᠵᠠᠷᠯᠢᠭ ᠪᠠᠭᠤᠯᠭᠠᠨ ᠵᠣᠣ ᠪᠢᠴᠢᠭ ᠲᠠᠷᠬᠠᠭᠠᠵᠤ ᠡᠯ᠎ᠡ ᠭᠠᠵᠠᠷ ᠤ᠋ᠨ ᠡᠷᠳᠡᠮᠲᠡᠨ ᠴᠢᠳᠠᠪᠤᠷᠢᠲᠠᠨ ᠢ᠋ 216ᠨᠡᠷᠡᠰ ᠬᠥᠮᠦᠨ ᠡᠯᠰᠡᠵᠦ ᠵᠠᠰᠠᠭ ᠲᠥᠷᠥ ᠬᠡᠷᠡᠭᠯᠡᠵᠦᠬᠦᠢ᠃1302ᠣᠨ ᠤ᠋2 ᠳ᠋ᠤᠭᠠᠷ ᠰᠠᠷ᠎ᠠ ᠳ᠋ᠤ᠌ ᠲᠡᠮᠦᠷ ᠬᠠᠭᠠᠨ᠄《ᠡᠳᠦᠭᠡ ᠭᠠᠢᠯᠢ ᠲᠠᠲᠠᠪᠤᠷᠢ ᠬᠡᠳᠦᠢ ᠠᠷᠪᠢᠨ ᠲᠠᠲᠠᠭᠰᠠᠨ ᠲᠦᠰᠢᠮᠡᠳ ᠢ᠋ ᠲᠡᠳᠦᠢ ᠶᠡᠬᠡ ᠪᠡᠷ ᠱᠠᠩᠨᠠᠵᠤ ᠪᠣᠢ᠃ᠡᠨᠡ ᠪᠦᠭᠦᠳᠡ ᠪᠦᠷ ᠢᠷᠭᠡᠨ ᠢ᠋ ᠵᠣᠪᠠᠭᠠᠵᠤ ᠠᠪᠤᠭᠰᠠᠨ ᠠ᠋ᠴᠠ ᠪᠢᠰᠢ ᠥᠭᠡᠷ᠎ᠡ ᠬᠠᠮᠢᠭ᠎ᠠ ᠠ᠋ᠴᠠ ᠭᠠᠷᠬᠤ ᠪᠣᠢ᠃ᠬᠣᠢᠰᠢᠳᠠ ᠲᠣᠭᠲᠠᠭᠰᠠᠨ ᠲᠣᠭᠠᠨ ᠠ᠋ᠴᠠ ᠢᠯᠡᠭᠦᠦ ᠪᠢᠲᠡᠭᠡᠢ ᠬᠤᠷᠢᠶᠠᠭᠲᠤᠨ!》ᠭᠡᠮᠡᠨ ᠵᠠᠷᠯᠢᠭ ᠪᠣᠯᠪᠠ᠃ᠲᠡᠮᠦᠷ ᠬᠠᠭᠠᠨ ᠪᠢᠴᠢᠭ ᠦ᠋ᠨ ᠡᠷᠳᠡᠮᠲᠡᠨ ᠵᠠᠰᠠᠭ ᠤ᠋ᠨ ᠴᠢᠳᠠᠪᠤᠷᠢᠲᠠᠨ ᠢ᠋ ᠬᠦᠨᠳᠦᠳᠬᠡᠨ ᠬᠡᠷᠡᠭᠯᠡᠵᠦ ᠥᠷᠥᠰᠢᠶᠡᠯᠲᠦ ᠵᠠᠰᠠᠭ ᠶᠠᠪᠤᠭᠤᠯᠤᠭᠰᠠᠨ ᠪᠣᠯᠬᠣᠷ 《ᠭᠡᠭᠡᠨ ᠠᠭᠤᠳᠠ ᠭᠦᠨ ᠲᠠᠬᠢᠮᠳᠠᠭᠤ ᠬᠠᠭᠠᠨ》ᠭᠡᠮᠡᠨ ᠨᠡᠬᠡᠨ ᠡᠷᠭᠦᠮᠵᠢᠯᠡᠭᠳᠡᠵᠡᠢ᠃

ᠬᠠᠢᠰᠠᠩ ᠱᠠᠩᠳᠤ ᠳ᠋ᠤ᠌ ᠬᠠᠭᠠᠨ ᠰᠠᠭᠣᠷᠢᠨ᠎ᠠ ᠰᠠᠭᠤᠪᠠ

   ᠬᠢᠶᠠᠳ ᠶᠠᠰᠤᠲᠤ ᠪᠤᠷᠵᠢᠭᠢᠳ ᠣᠪᠣᠭᠲᠤ ᠬᠠᠢᠰᠠᠩ ᠪᠣᠯ ᠬᠣᠩ ᠲᠠᠢᠵᠢ ᠴᠢᠩᠭᠢᠮ ᠦ᠋ᠨ ᠬᠥᠪᠡᠭᠦᠨ ᠳ᠋ᠠᠷᠮᠠᠪᠠᠯ ᠤ᠋ᠨ ᠬᠦᠦ ᠶᠦ᠍ᠮ᠃1281ᠣᠨ ᠤ᠋7 ᠳ᠋ᠤᠭᠠᠷ ᠰᠠᠷ᠎ᠠ ᠳ᠋ᠤ᠌ ᠬᠣᠩᠭᠢᠷᠠᠳ ᠬᠠᠲᠤᠨ ᠲᠠᠵᠢ ᠠ᠋ᠴᠠ ᠲᠥᠷᠥᠵᠡᠢ᠃ᠳ᠋ᠠ ᠳ᠋ᠸ ᠶ᠋ᠢᠨ ᠭᠤᠷᠪᠠᠳᠤᠭᠠᠷ ᠣᠨ(1299ᠣᠨ) ᠳ᠋ᠤ᠌ ᠶᠤᠸᠠᠨ ᠤᠯᠤᠰ ᠤ᠋ᠨ ᠴᠸᠩᠽᠦᠩ ᠬᠠᠭᠠᠨ ᠥᠪᠡᠷ ᠦ᠋ᠨ ᠠᠴᠢ ᠢᠯᠪᠢᠨ ᠠᠮᠤᠭᠤᠯᠬᠤ ᠸᠠᠩ ᠨᠣᠶᠠᠨ ᠬᠠᠢᠰᠠᠩ ᠢ᠋ ᠤᠮᠠᠷᠠᠲᠤ ᠬᠢᠵᠠᠭᠠᠷ ᠲᠤ᠌ ᠢᠯᠡᠬᠡᠨ ᠴᠡᠷᠢᠭ ᠮᠣᠷᠢ ᠶ᠋ᠢ ᠵᠠᠬᠢᠷᠤᠭᠤᠯᠪᠠ᠃ᠲᠡᠭᠦᠨ ᠳ᠋ᠦ᠍ ᠪᠠᠰᠠ ᠴᠢᠩᠭᠢᠮ ᠲᠠᠢᠽᠢ ᠶ᠋ᠢᠨ ᠡᠷᠳᠡᠨᠢ ᠲᠠᠮᠠᠭ᠎ᠠ ᠶ᠋ᠢ ᠰᠣᠶᠣᠷᠬᠠᠵᠤ᠄《ᠣᠯᠠᠨ ᠴᠢᠨ ᠸᠠᠩ᠂ ᠣᠯᠠᠨ ᠴᠡᠷᠢᠭ ᠴᠥᠮ ᠲᠡᠭᠦᠨ ᠦ᠌ ᠵᠠᠷᠯᠢᠭ ᠢ᠋ ᠰᠣᠨᠣᠰᠲᠤᠭᠠᠢ》ᠭᠡᠪᠡ᠃1304ᠣᠨ ᠳ᠋ᠤ᠌ ᠬᠤᠸᠠᠢ ᠨᠢᠩ ᠸᠠᠩ ᠡᠷᠭᠦᠮᠵᠢᠯᠡᠭᠳᠡᠨ ᠠᠯᠲᠠᠨ ᠲᠠᠮᠠᠭ᠎ᠠ ᠪᠠᠷ ᠱᠠᠩᠨᠠᠭᠳᠠᠭᠠᠳ ᠰᠦᠢ ᠵᠧᠦ ᠭᠠᠵᠠᠷ ᠤ᠋ᠨ65000ᠡᠷᠦᠬᠡ ᠢᠷᠭᠡᠨ ᠢ᠋ ᠬᠤᠪᠢ ᠥᠮᠴᠢ ᠪᠡᠷ ᠣᠯᠪᠠ᠃ ᠳ᠋ᠠ ᠳ᠋ᠸ  ᠶ᠋ᠢᠨ ᠵᠢᠷᠭᠤᠳᠤᠭᠠᠷ ᠣᠨ ᠳ᠋ᠤ᠌ ᠡᠷᠴᠢᠰ ᠭᠣᠣᠯ ᠤ᠋ᠨ ᠣᠷᠴᠢᠮ ᠪᠠᠢᠭᠰᠠᠨ ᠸᠠᠩ ᠨᠣᠶᠠᠨ ᠲᠦᠮᠡᠨ ᠦ᠌ ᠬᠠᠷᠢᠶ᠎ᠠ ᠨᠤᠲᠤᠭ ᠢ᠋ ᠶᠤᠸᠠᠨ ᠤᠯᠤᠰ ᠤ᠋ᠨ ᠨᠤᠲᠤᠭ ᠳᠡᠪᠢᠰᠬᠡᠷ ᠲᠦ᠍ ᠨᠡᠢᠯᠡᠭᠦᠯᠪᠡ᠃ᠭᠣᠪᠢ ᠶ᠋ᠢᠨ ᠠᠷᠤ ᠶ᠋ᠢᠨ ᠥᠷᠭᠡᠨ ᠠᠭᠤᠳᠠᠮ ᠨᠤᠲᠤᠭ ᠠᠮᠤᠷ ᠲᠠᠢᠪᠤᠩ ᠪᠣᠯᠪᠠᠢ᠃
     ᠳ᠋ᠠ ᠳ᠋ᠸ ᠶ᠋ᠢᠨ ᠠᠷᠪᠠᠨ ᠨᠢᠭᠡᠳᠦᠭᠡᠷ ᠣᠨ(1307ᠣᠨ) ᠤ᠋ ᠬᠠᠪᠤᠷ ᠤ᠋ᠨ ᠲᠡᠷᠢᠭᠦᠨ ᠰᠠᠷ᠎ᠠ ᠳ᠋ᠤ᠌ ᠥᠯᠵᠡᠢᠲᠦ ᠬᠠᠭᠠᠨ ᠲᠡᠮᠦᠷ ᠬᠦᠨᠳᠦ ᠡᠪᠡᠳᠴᠢᠯᠡᠵᠦ ᠲᠠᠭᠠᠯᠠᠯ ᠲᠡᠭᠦᠰᠪᠡ᠃ᠬᠠᠭᠠᠨ ᠤ᠋ ᠲᠠᠢᠽᠢ ᠵᠠᠭᠤᠷᠠᠳᠤ ᠪᠠᠷ ᠪᠡᠶ᠎ᠡ ᠥᠩᠭᠡᠷᠡᠭᠰᠡᠨ ᠲᠤᠯᠠ ᠦᠷ᠎ᠡ ᠬᠡᠦᠬᠡᠳ ᠪᠠᠢᠭᠰᠠᠨ ᠦᠭᠡᠢ᠃ᠬᠤᠸᠠᠩᠬᠡᠦ ᠪᠤᠷᠬᠠᠨ᠂ᠵᠡᠭᠦᠨ ᠭᠠᠷ ᠤ᠋ᠨ ᠴᠢᠩᠰᠠᠩ ᠠᠬᠤᠲᠠᠢ ᠨᠠᠷ ᠰᠦᠯᠪᠡᠭᠡᠯᠡᠵᠦ ᠪᠠᠷᠠᠭᠤᠨ ᠢ᠋ ᠠᠮᠤᠭᠤᠯᠤᠭᠴᠢ ᠸᠠᠩ ᠨᠣᠶᠠᠨ ᠠᠨᠠᠨᠳᠠ ᠶ᠋ᠢ ᠡᠷᠭᠦᠮᠵᠢᠯᠡᠨ ᠭᠤᠷᠪᠠᠳᠤᠭᠠᠷ ᠰᠠᠷ᠎ᠠ ᠶ᠋ᠢᠨ ᠭᠤᠷᠪᠠᠨ ᠳ᠋ᠤ᠌ ᠬᠠᠭᠠᠨ ᠰᠠᠭᠤᠷᠢᠨ ᠳ᠋ᠤ᠌ ᠰᠠᠭᠤᠯᠭᠠᠬᠤ ᠪᠠᠷ ᠲᠣᠭᠲᠠᠪᠠ᠃ᠲᠡᠭᠡᠭᠡᠳ150000 ᠴᠡᠷᠢᠭ ᠠᠪᠴᠤ ᠬᠠᠰᠢᠨ ᠣᠷᠣᠨ ᠢ᠋ ᠰᠠᠬᠢᠵᠤ ᠪᠠᠢᠭᠰᠠᠨ ᠠᠨᠠᠨᠲᠠ ᠶ᠋ᠢ ᠳᠠᠢᠳᠤ ᠪᠡᠭᠡᠵᠢᠩ ᠳ᠋ᠦ᠍ ᠤᠭᠲᠤᠨ ᠠᠪᠴᠢᠷᠠᠪᠠ᠃ᠪᠠᠷᠠᠭᠤᠨ ᠭᠠᠷ ᠤ᠋ᠨ ᠴᠢᠩᠰᠠᠩ ᠬᠠᠷᠠᠬᠠᠰᠤᠨ ᠪᠠᠰᠠ ᠤᠮᠠᠷ᠎ᠠ ᠣᠷᠣᠨ ᠢ᠋ ᠰᠠᠬᠢᠵᠤ ᠪᠠᠢᠭᠰᠠᠨ ᠬᠤᠸᠠᠢ ᠨᠢᠩ ᠸᠠᠩ ᠬᠠᠢᠰᠠᠩ ᠢ᠋ ᠭᠣᠪᠢ ᠶ᠋ᠢᠨ ᠠᠷᠤ ᠠ᠋ᠴᠠ ᠤᠭᠲᠤᠨ ᠠᠪᠴᠢᠷᠠᠪᠠ᠃ᠬᠠᠢᠰᠠᠩ ᠤ᠋ᠨ ᠨᠠᠭᠠᠴᠤ᠂ᠠᠶᠤᠷᠪᠠᠷᠪᠠᠳᠠ ᠡᠬᠡ ᠬᠥᠪᠡᠭᠦᠨ ᠬᠣᠶᠠᠭᠤᠯᠠ ᠶ᠋ᠢ ᠡᠮᠦᠨ᠎ᠡ ᠣᠷᠣᠨ ᠠ᠋ᠴᠠ ᠤᠭᠲᠤᠨ ᠠᠪᠴᠢᠷᠠᠵᠠᠢ᠃ᠠᠶᠤᠷᠪᠠᠷᠪᠠᠳᠠ ᠵᠠᠪᠳᠤᠵᠤ ᠳᠠᠢᠳᠤ ᠬᠣᠲᠠ ᠳ᠋ᠤ᠌ ᠢᠷᠡᠩᠭᠦᠲᠡ ᠪᠡᠨ ᠯᠢ ᠮᠢᠩ ᠢ᠋ ᠵᠠᠷᠤᠵᠤ ᠬᠠᠷᠠᠬᠠᠰᠤᠨ ᠲᠠᠢ ᠨᠢᠭᠤᠴᠠ ᠪᠠᠷ ᠬᠡᠯᠡᠯᠴᠡᠨ ᠤᠷᠢᠳ ᠢ᠋ᠶ᠋ᠠᠷ ᠭᠠᠷ ᠬᠥᠳᠡᠯᠬᠦ ᠪᠡᠷ ᠪᠣᠯᠪᠠ᠃ᠭᠤᠷᠪᠠᠳᠤᠭᠠᠷ ᠰᠠᠷ᠎ᠠ ᠶ᠋ᠢᠨ ᠬᠣᠶᠠᠷ ᠤ᠋ᠨ ᠡᠳᠦᠷ
ᠠᠶᠤᠷᠪᠠᠷᠪᠠᠳᠠ ᠰᠢᠳᠠᠷ ᠴᠡᠷᠢᠭ ᠢ᠋ᠶ᠋ᠡᠨ ᠳᠠᠭᠠᠭᠤᠯᠤᠨ ᠣᠷᠳᠣᠨ ᠢ᠋ᠶ᠋ᠠᠷ ᠬᠦᠷᠦᠭᠡᠳ ᠠᠷᠭ᠎ᠠ ᠵᠠᠷᠤᠨ ᠠᠨᠠᠨᠳᠠ ᠶ᠋ᠢ ᠪᠠᠷᠢᠵᠤ ᠲᠡᠭᠦᠨ ᠦ᠌ ᠬᠠᠮᠰᠠᠭᠠᠲᠠᠨ ᠠᠬᠤᠲᠠᠢ ᠨᠠᠷ ᠢ᠋ ᠠᠯᠠᠭᠠᠳ ᠬᠠᠰ ᠲᠠᠮᠠᠭ᠎ᠠ ᠶ᠋ᠢ ᠠᠪᠤᠨ ᠬᠠᠢᠰᠠᠩ ᠢ᠋ ᠤᠭᠲᠤᠷ᠎ᠠ ᠡᠴᠢᠪᠡ᠃ᠲᠠᠪᠤᠳᠤᠭᠠᠷ ᠰᠠᠷ᠎ᠠ ᠳ᠋ᠤ᠌ ᠬᠠᠢᠰᠠᠩ ᠱᠠᠩᠳᠤ ᠬᠣᠲᠠ ᠳ᠋ᠤ᠌ ᠮᠣᠷᠢᠯᠠᠨ ᠢᠷᠡᠵᠦ ᠣᠯᠠᠨ ᠸᠠᠩ ᠢ᠋ ᠬᠤᠷᠠᠭᠤᠯᠵᠤ ᠪᠤᠷᠬᠠᠨ ᠠᠨᠠᠨᠳᠠ ᠬᠣᠶᠠᠷ ᠢ᠋ ᠠᠯᠠᠭᠠᠳ ᠬᠠᠭᠠᠨ ᠰᠠᠭᠤᠷᠢᠨ ᠳ᠋ᠤ᠌ ᠰᠠᠭᠤᠵᠠᠢ᠃ᠲᠡᠦᠬᠡ ᠰᠤᠳᠤᠷ ᠲᠤ᠌ ᠬᠠᠢᠰᠠᠩ ᠢ᠋ ᠬᠦᠯᠦᠭ ᠬᠠᠭᠠᠨ᠂ᠬᠢᠲᠠᠳ ᠢ᠋ᠶ᠋ᠠᠷ ᠦᠽᠥ᠋ᠩ ᠬᠠᠭᠠᠨ ᠭᠡᠳᠡᠭ᠃ᠳᠠᠷᠠᠭ᠎ᠠ ᠰᠠᠷ᠎ᠠ ᠨᠢ ᠠᠶᠤᠷᠪᠠᠷᠪᠠᠳᠠ ᠶ᠋ᠢ ᠲᠠᠢᠽᠢ ᠡᠷᠭᠦᠮᠵᠢᠯᠡᠬᠦ ᠵᠠᠷᠯᠢᠭ ᠪᠠᠭᠤᠯᠭᠠᠭᠰᠠᠨ ᠠᠵᠢ᠃
   ᠦᠽᠥ᠋ᠩ ᠬᠠᠭᠠᠨ ᠪᠠᠰᠠ ᠵᠠᠷᠯᠢᠭ ᠪᠠᠭᠤᠯᠭᠠᠨ ᠬᠠᠷᠠᠬᠣᠷᠣᠮ ᠳ᠋ᠤ᠌ ᠲᠥᠯᠥᠭᠡᠨ ᠦ᠌ ᠮᠣᠵᠢ ᠶ᠋ᠢ ᠪᠠᠢᠭᠤᠯᠤᠭᠠᠳ ᠳᠠᠪᠠᠭᠠᠨ ᠠᠷᠤ ᠶ᠋ᠢᠨ ᠴᠡᠷᠢᠭ ᠵᠠᠰᠠᠭ ᠤ᠋ᠨ ᠶᠡᠬᠡ ᠬᠡᠷᠡᠭ ᠢ᠋ ᠶᠡᠷᠦᠩᠬᠡᠢᠯᠡᠨ ᠵᠠᠬᠢᠷᠤᠭᠤᠯᠵᠤ ᠤᠤᠯ ᠤ᠋ᠨ ᠴᠢᠨ ᠸᠠᠩ ᠤ᠋ᠨ ᠴᠡᠷᠢᠭ ᠲᠣᠮᠢᠯᠠᠨ ᠤᠮᠠᠷᠠᠲᠤ ᠣᠷᠣᠨ ᠤ᠋ ᠴᠡᠷᠢᠭ ᠵᠠᠰᠠᠭ ᠢ᠋ ᠶᠡᠷᠦᠩᠬᠡᠢᠯᠡᠨ ᠵᠠᠬᠢᠷᠬᠤ ᠶ᠋ᠢ ᠬᠦᠴᠦᠨ ᠦᠭᠡᠢ ᠪᠣᠯᠭᠠᠪᠠ᠃
   1309ᠣᠨ ᠤ᠋ ᠴᠠᠭᠠᠨ ᠰᠠᠷ᠎ᠠ ᠬᠠᠢᠰᠠᠩ ᠬᠠᠭᠠᠨ ᠡᠪᠦᠭᠡᠳ ᠦ᠋ᠨ ᠰᠦᠮ᠎ᠡ ᠶ᠋ᠢ ᠲᠣᠭᠣᠷᠢᠨ ᠦᠵᠡᠭᠡᠳ᠄《ᠨᠤᠲᠤᠭ ᠤᠰᠤ ᠬᠣᠷᠢᠬᠤ ᠶ᠋ᠢ ᠵᠣᠭᠰᠣᠭ᠎ᠠ᠂ᠦᠭᠡᠭᠦᠦ ᠶᠠᠳᠠᠭᠤ ᠠᠷᠠᠳ ᠢᠷᠭᠡᠳ ᠢ᠋ ᠲᠡᠵᠢᠭᠡ᠂ᠤᠷᠭᠤᠭᠰᠠᠨ ᠬᠥᠮᠦᠨ ᠦ᠌ ᠠᠯᠪᠠ ᠶ᠋ᠢ ᠴᠢᠯᠥᠭᠡᠯᠡ᠂ᠭᠠᠮᠰᠢᠭᠳᠠᠭᠰᠠᠨ ᠢᠷᠭᠡᠨ ᠦ᠌ ᠠᠯᠪᠠ ᠶ᠋ᠢ ᠬᠥᠩᠭᠡᠯᠡ》ᠭᠡᠮᠡᠨ ᠵᠠᠷᠯᠢᠭ ᠪᠣᠯᠪᠠ᠃ᠴᠢᠩᠰᠠᠩ ᠲᠠᠰᠪᠤᠬ᠎ᠠ᠄《ᠬᠠᠭᠠᠨ ᠲᠠ ᠡᠨᠡ ᠪᠡᠶ᠎ᠡ ᠪᠡᠨ ᠬᠠᠢᠷᠠᠯᠠᠬᠤ ᠳ᠋ᠤ᠌ ᠬᠦᠷᠪᠡᠯ᠂ᠬᠥᠮᠦᠨ ᠬᠠᠷ᠎ᠠ ᠭᠥᠷᠦᠭᠡᠰᠦᠨ ᠦ᠌ ᠤᠷᠤᠭᠤᠯ᠂ᠢᠷᠪᠢᠰ ᠦ᠋ᠨ ᠬᠡᠪᠲᠡᠰᠢ᠂ᠲᠡᠮᠡᠭᠡᠨ
ᠦ᠌ ᠪᠦᠬᠦ᠂ᠥᠲᠡᠭᠡ ᠶ᠋ᠢᠨ ᠲᠠᠪᠠᠭ᠂ᠰᠢᠷ᠎ᠠ ᠮᠥᠷᠭᠥ ᠵᠢᠭᠠᠰᠤᠨ ᠤ᠋ ᠰᠡᠭᠦᠯ᠂ᠲᠠᠬᠢᠶᠠᠨ ᠤ᠋ ᠡᠪᠦᠳᠦᠭ ᠦ᠋ᠨ ᠶᠠᠰᠤ ᠡᠨᠡ ᠵᠢᠷᠭᠤᠭᠠᠨ ᠵᠦᠢᠯ ᠦ᠋ᠨ ᠲᠠᠩᠰᠤᠭ ᠢᠳᠡᠭᠡᠨ ᠢ᠋ ᠦᠷᠭᠦᠯᠵᠢ ᠢᠳᠡᠬᠦ ᠶ᠋ᠢ ᠡᠷᠲᠡᠬᠡᠨ ᠴᠡᠭᠡᠷᠯᠡᠪᠡᠯ ᠵᠣᠬᠢᠨ᠎ᠠ᠃ᠢᠯᠠᠩᠭᠤᠶ᠎ᠠ ᠡᠪᠦᠭᠡ ᠳᠡᠭᠡᠳᠦᠰ ᠦ᠋ᠨ ᠬᠠᠲᠠᠭᠤᠵᠢᠨ ᠪᠠᠢᠭᠤᠯᠤᠭᠰᠠᠨ ᠶᠡᠬᠡ ᠲᠥᠷᠥ ᠶ᠋ᠢ ᠬᠦᠨᠳᠦᠳᠬᠡᠨ ᠦᠵᠡᠵᠦ ᠡᠬᠡᠨᠡᠷ ᠠᠷᠢᠬᠢ ᠬᠣᠶᠠᠷ ᠲᠤ᠌ ᠰᠢᠨᠤᠬᠤ ᠶ᠋ᠢ ᠲᠡᠪᠴᠢᠪᠡᠰᠦ ᠵᠦᠢ᠃ᠥᠩᠭᠡ ᠳᠠᠷᠠᠰᠤ ᠬᠣᠶᠠᠷ ᠲᠤ᠌ ᠲᠠᠰᠢᠭᠤᠷᠠᠪᠠᠰᠤ ᠬᠣᠶᠠᠷ ᠶᠡᠬᠡ ᠰᠦᠬᠡ ᠪᠡᠷ ᠨᠢᠭᠡᠨ ᠮᠣᠳᠣ ᠶ᠋ᠢ ᠴᠠᠪᠴᠢᠬᠤ ᠠᠳᠠᠯᠢ ᠬᠣᠣᠷᠲᠠᠢ ᠲᠤᠯᠠ ᠶᠠᠮᠠᠷ ᠴᠤ᠌ ᠬᠥᠮᠦᠨ ᠦ᠌ ᠪᠡᠶ᠎ᠡ ᠲᠡᠰᠬᠦ ᠦᠭᠡᠢ ᠶᠦ᠍ᠮ᠃ᠡᠢᠮᠦ ᠡᠴᠡ ᠡᠪᠦᠭᠡ ᠳᠡᠭᠡᠳᠦᠰ ᠦ᠋ᠨ ᠮᠢᠨᠢ ᠦᠯᠡᠳᠡᠭᠡᠵᠦ ᠦᠭᠭᠦᠭᠰᠡᠨ ᠬᠠᠭᠠᠨ ᠰᠠᠭᠤᠷᠢᠨ ᠢ᠋ ᠥᠨᠢ ᠡᠭᠦᠷᠢᠳᠡ ᠪᠠᠲᠤᠳᠬᠠᠬᠤ ᠭᠡᠪᠡᠯ ᠥᠪᠡᠷ ᠦ᠋ᠨ ᠡᠷᠡᠭᠦᠯ ᠪᠤᠰᠤ ᠳᠤᠷ᠎ᠠ ᠬᠦᠰᠡᠯ ᠢ᠋ᠶ᠋ᠡᠨ ᠡᠷᠲᠡᠬᠡᠨ ᠬᠣᠷᠢᠭᠯᠠᠪᠠᠰᠤ ᠵᠣᠬᠢᠬᠤ ᠪᠤᠶᠤ》ᠭᠡᠮᠡᠨ ᠢᠳᠬᠠ ᠠᠢᠯᠠᠳᠬᠠᠪᠠ᠃ᠬᠠᠢᠰᠠᠩ ᠬᠠᠭᠠᠨ᠄《ᠲᠦᠰᠢᠮᠡᠯ ᠴᠢᠨᠦ ᠠᠳᠠᠯᠢ ᠢᠮᠠᠭᠲᠠ ᠨᠠᠮᠠᠶ᠋ᠢ ᠰᠡᠩᠬᠡᠷᠡᠭᠦᠯᠳᠡᠭ ᠬᠥᠮᠦᠨ ᠮᠠᠰᠢ ᠴᠥᠭᠡᠨ᠂ᠬᠣᠢᠰᠢᠳᠠ ᠡᠨᠳᠡᠯ ᠣᠰᠣᠯ ᠢ᠋ ᠮᠢᠨᠢ ᠰᠠᠨᠠᠭᠤᠯᠵᠤ ᠪᠠᠢᠭᠠᠷᠠᠢ᠂ᠪᠢ ᠬᠡᠷᠬᠢᠪᠡᠴᠦ ᠮᠠᠷᠲᠠᠬᠤ ᠦᠭᠡᠢ ᠶᠦ᠍ᠮ》 ᠭᠡᠳ ᠲᠠᠰᠪᠣᠬ᠎ᠠ ᠳ᠋ᠤ᠌ ᠠᠷᠢᠬᠢ ᠪᠠᠷᠢᠭᠲᠤᠨ ᠭᠡᠪᠡ᠃ᠲᠠᠰᠪᠤᠬ᠎ᠠ᠄《ᠪᠢ ᠰᠠᠶᠢ ᠬᠠᠭᠠᠨ ᠤ᠋ ᠠᠷᠢᠬᠢ ᠵᠣᠭᠣᠭᠯᠠᠬᠤ ᠶ᠋ᠢ ᠢᠳᠬᠠᠭᠰᠠᠨ ᠲᠤᠯᠠ ᠬᠡᠷᠬᠢᠨ ᠠᠷᠢᠬᠢ ᠪᠠᠷᠢᠬᠤ ᠶ᠋ᠢ ᠬᠦᠯᠢᠶᠡᠨ ᠠᠪᠴᠤ ᠪᠣᠯᠬᠤ ᠠᠵᠢ᠃ᠬᠡᠷᠪᠡ ᠪᠠᠷᠢᠭᠰᠠᠨ ᠠᠷᠢᠬᠢ ᠶ᠋ᠢ ᠠᠪᠬᠤ ᠳ᠋ᠤ᠌ ᠬᠦᠷᠪᠡᠯ ᠮᠢᠨᠦ ᠤᠷᠢᠳᠤ ᠶ᠋ᠢᠨ ᠠᠢᠯᠠᠳᠬᠠᠭᠰᠠᠨ ᠦᠭᠡ ᠢᠲᠡᠭᠡᠯ ᠦᠭᠡᠢ ᠪᠣᠯᠬᠤ ᠪᠣᠯᠠᠢ᠂ᠪᠠᠰᠠᠴᠤ ᠬᠠᠭᠠᠨ ᠤ᠋ ᠵᠠᠷᠯᠢᠭ ᠢ᠋ ᠵᠥᠷᠢᠴᠡᠭᠰᠡᠨ ᠤᠴᠢᠷ ᠪᠣᠯᠬᠤ ᠪᠤᠰᠤ ᠤᠤ》ᠬᠡᠮᠡᠭᠰᠡᠨ᠎ᠡ ᠬᠠᠢᠰᠠᠩ ᠬᠠᠭᠠᠨ ᠰᠣᠨᠣᠰᠤᠭᠠᠳ ᠴᠢᠩ ᠵᠣᠷᠢᠭᠲᠤ ᠴᠢᠭᠴᠢ ᠲᠦᠰᠢᠮᠡᠯ ᠢ᠋ ᠣᠯᠪᠠ ᠭᠡᠮᠡᠨ ᠶᠡᠬᠡᠳᠡ ᠪᠡᠶᠡᠰᠴᠦ᠄《ᠮᠢᠨᠦ ᠵᠥᠪ ᠪᠤᠷᠤᠭᠤ ᠶᠠᠪᠤᠭᠰᠠᠨ ᠪᠠ ᠤᠯᠤᠰ ᠤ᠋ᠨ ᠵᠢᠷᠭᠠᠯ ᠵᠣᠪᠠᠯᠠᠩ ᠢ᠋ ᠮᠡᠳᠡᠭᠦᠯᠬᠦ ᠬᠥᠮᠦᠰ ᠬᠡᠵᠢᠶ᠎ᠡ ᠴᠦ᠍ ᠪᠡᠶ᠎ᠡ ᠪᠡᠷ ᠢ᠋ᠶ᠋ᠡᠨ ᠪᠤᠶᠤ ᠪᠢᠴᠢᠭ ᠢ᠋ᠶ᠋ᠡᠷ ᠨᠠᠳᠤᠷ ᠮᠡᠳᠡᠭᠦᠯᠵᠦ ᠪᠣᠯᠤᠨ᠎ᠠ᠃ᠠᠯᠤᠰ ᠭᠠᠵᠠᠷ ᠪᠠᠢᠭ᠎ᠠ ᠬᠥᠮᠦᠰ ᠮᠡᠳᠡᠭᠦᠯᠬᠦ ᠪᠢᠴᠢᠭ ᠢ᠋ᠶ᠋ᠡᠨ ᠥᠪᠡᠷ ᠦ᠋ᠨ ᠵᠠᠬᠢᠷᠤᠭᠴᠢ ᠰᠠᠢᠳ ᠲᠠᠭᠠᠨ ᠥᠭᠴᠦ ᠳᠠᠮᠵᠢᠭᠤᠯᠵᠤ ᠮᠡᠳᠡᠭᠦᠯᠦᠭᠰᠡᠨ ᠴᠦ᠍ ᠪᠣᠯᠤᠨ᠎ᠠ》ᠭᠡᠵᠦ ᠵᠠᠷᠯᠢᠭ ᠪᠠᠭᠤᠯᠭᠠᠪᠠ᠃ 
   ᡁᠢ ᠲᠠ ᠶ᠋ᠢᠨ ᠳᠥᠷᠪᠡᠳᠦᠭᠡᠷ ᠣᠨ(1311ᠣᠨ) ᠤ᠋ ᠴᠠᠭᠠᠨ ᠰᠠᠷ᠎ᠠ ᠶ᠋ᠢᠨ ᠰᠢᠨ᠎ᠡ ᠶ᠋ᠢᠨ ᠨᠢᠭᠡᠨ ᠳ᠋ᠦ᠍ ᠬᠠᠢᠰᠠᠩ ᠬᠠᠭᠠᠨ ᠬᠦᠨᠳᠦ ᠴᠢᠯᠡᠭᠡᠷᠬᠡᠨ ᠳᠥᠷᠪᠡᠨ ᠦ᠌ ᠡᠳᠦᠷ ᠢᠦᠢ ᠲᠧ ᠳ᠋ᠢᠶᠠᠨ ᠬᠠᠷᠰᠢ ᠳ᠋ᠤ᠌ ᠨᠠᠰᠤᠨ ᠡᠴᠦᠰ ᠪᠣᠯᠪᠠ᠃《ᠢᠮᠠᠭᠲᠠ ᠨᠢᠭᠦᠯᠡᠰᠬᠦᠢ᠂ᠲᠠᠬᠢᠮᠳᠠᠭᠤ ᠶ᠋ᠢ ᠮᠠᠨᠳᠤᠭᠤᠯᠤᠭᠰᠠᠨ ᠬᠠᠭᠠᠨ》ᠭᠡᠮᠡᠨ ᠨᠡᠬᠡᠨ ᠡᠷᠭᠦᠮᠵᠢᠯᠡᠵᠦ ᠡᠪᠦᠭᠡᠳ ᠦ᠋ᠨ ᠰᠦᠮ᠎ᠡ ᠳ᠋ᠦ᠍ ᠲᠠᠬᠢᠪᠠ᠃
 
ᠠᠶᠤᠷᠪᠠᠷᠪᠠᠳᠠ ᠬᠠᠭᠠᠨ

    ᠬᠢᠶᠠᠳ ᠶᠠᠰᠤᠲᠤ ᠪᠤᠷᠵᠢᠬᠢᠳ ᠣᠪᠣᠭᠲᠤ ᠠᠶᠤᠷᠪᠠᠷᠪᠠᠳᠠ ᠪᠣᠯ ᠴᠢᠩᠭᠢᠮ ᠬᠣᠩ ᠲᠠᠢᠵᠢ ᠶ᠋ᠢᠨ ᠬᠥᠪᠡᠭᠦᠨ ᠳ᠋ᠠᠷᠮᠠᠪᠠᠯ ᠤ᠋ᠨ ᠬᠦᠦ ᠶᠦ᠍ᠮ᠃1285ᠣᠨ ᠤ᠋3 ᠳ᠋ᠤᠭᠠᠷ ᠰᠠᠷ᠎ᠠ ᠳ᠋ᠤ᠌ ᠬᠤᠩᠬᠢᠷᠠᠳ ᠬᠠᠲᠤᠨ ᠲᠠᠵᠢ ᠠ᠋ᠴᠠ ᠲᠥᠷᠥᠵᠡᠢ᠃ ᠠᠶᠤᠷᠪᠠᠷᠪᠠᠳᠡ ᠪᠣᠯ ᠠᠬ᠎ᠠ ᠬᠠᠢᠰᠠᠩ ᠢ᠋ᠶ᠋ᠠᠨ ᠲᠤᠰᠠᠯᠠᠵᠤ ᠬᠠᠭᠠᠨ ᠰᠠᠭᠤᠷᠢᠨ ᠳ᠋ᠤ᠌ ᠰᠠᠭᠤᠯᠭᠠᠭᠰᠠᠨ ᠬᠥᠮᠦᠨ᠂ᠲᠤᠬᠠᠢ ᠶ᠋ᠢᠨ ᠦᠶᠡᠰ ᠲᠡᠷᠡ ᠵᠡᠭᠦᠨ ᠭᠠᠷ ᠤ᠋ᠨ ᠴᠢᠩᠰᠠᠩ ᠠᠬᠣᠳᠠᠢ᠂ ᠲᠥᠷᠥᠯ ᠦ᠋ᠨ ᠸᠠᠩ ᠮᠢᠩᠯᠢᠨᠳᠡᠮᠦᠷ᠂ᠠᠨ ᠰᠢ ᠸᠠᠩ ᠠᠨᠠᠨᠳᠠ ᠵᠢᠴᠢ ᠪᠤᠯᠠᠭᠠᠨ ᠬᠠᠲᠤᠨ ᠢ᠋ ᠪᠠᠷᠢᠪᠴᠢᠯᠠᠵᠤ ᠡᠪᠦᠭᠡ ᠳᠡᠭᠡᠳᠦᠰ ᠦ᠋ᠨ ᠬᠠᠤᠯᠢ ᠴᠠᠭᠠᠵᠠ ᠶ᠋ᠢ ᠰᠠᠮᠠᠭᠤᠷᠠᠭᠤᠯᠪᠠ ᠭᠡᠮᠡᠨ ᠭᠢᠨᠳᠠᠨ ᠳ᠋ᠤ᠌ ᠬᠣᠷᠢᠵᠠᠢ᠃ᠨᠢᠩ ᠶᠤᠸᠠᠨ ᠸᠠᠩ ᠬᠥᠭᠡᠴᠦ᠂ ᠲᠥᠷᠥᠯ ᠦ᠋ᠨ ᠸᠠᠩ ᠶᠠᠬᠤᠳᠤ ᠨᠠᠷ᠄《ᠡᠷᠬᠢᠮ ᠲᠠ ᠬᠤᠪᠢᠯᠠᠢ ᠬᠠᠭᠠᠨ ᠤ᠋ ᠬᠣᠢᠴᠢ ᠦᠶ᠎ᠡ ᠪᠣᠯᠬᠤ ᠤᠴᠢᠷ ᠶᠡᠬᠡ ᠰᠠᠭᠤᠷᠢᠨ ᠢ᠋ ᠵᠠᠯᠭᠠᠮᠵᠢᠯᠠᠪᠠᠯ ᠵᠣᠬᠢᠨ᠎ᠠ》ᠭᠡᠮᠡᠨ ᠢᠳᠬᠠᠭᠰᠠᠨ ᠪᠢᠯᠡ᠃ᠠᠶᠤᠷᠪᠠᠷᠪᠠᠳᠠ᠄《ᠪᠢ ᠡᠳᠡᠭᠡᠷ ᠰᠠᠮᠠᠭᠤᠨ ᠢ᠋ ᠡᠭᠦᠰᠬᠡᠬᠦ ᠭᠡᠰᠡᠨ ᠮᠠᠭᠤ ᠠᠮᠢᠲᠠᠳ ᠢ᠋ ᠪᠠᠷᠢᠪᠴᠢᠯᠠᠭᠰᠠᠨ ᠨᠢ ᠭᠡᠷ ᠦ᠋ᠨ ᠶᠣᠰᠣ ᠲᠥᠷᠥ ᠶ᠋ᠢᠨ ᠴᠠᠭᠠᠵᠠ ᠶ᠋ᠢ ᠴᠢᠩᠭᠠᠳᠬᠠᠬᠤ ᠭᠡᠰᠡᠨ ᠡᠴᠡ ᠪᠢᠰᠢ ᠥᠪᠡᠷ ᠢ᠋ᠶ᠋ᠡᠨ ᠬᠠᠭᠠᠨ ᠰᠠᠭᠤᠬᠤ ᠭᠡᠰᠡᠨ ᠪᠢᠰᠢ ᠶᠦ᠍ᠮ᠃ᠮᠢᠨᠦ ᠠᠬ᠎ᠠ ᠬᠠᠢᠰᠠᠩ ᠭᠠᠳᠠᠨ᠎ᠠ ᠪᠠᠢᠭ᠎ᠠ ᠲᠤᠯᠠ ᠲᠡᠭᠦᠨ ᠢ᠋ ᠠᠪᠴᠢᠷᠠᠵᠤ ᠬᠠᠭᠠᠨ ᠡᠷᠭᠦᠮᠵᠢᠯᠡᠪᠡᠯ ᠵᠦᠢ》ᠭᠡᠳ ᠤᠮᠠᠷ᠎ᠠ ᠵᠦᠭ ᠲᠦ᠍ ᠡᠯᠴᠢ ᠳᠣᠪᠲᠣᠯᠭᠠᠪᠠ᠃ᠬᠠᠢᠰᠠᠩ ᠤᠮᠠᠷᠠᠲᠤ ᠬᠢᠵᠠᠭᠠᠷ ᠠ᠋ᠴᠠ ᠳᠡᠭᠡᠳᠦ ᠨᠡᠢᠰᠯᠡᠯ ᠱᠠᠩᠳᠤ ᠬᠣᠲᠠᠨ᠎ᠡ ᠢᠷᠡᠵᠦ ᠬᠠᠭᠠᠨ ᠰᠠᠭᠤᠷᠢᠨ ᠢ᠋ ᠵᠠᠯᠭᠠᠮᠵᠢᠯᠠᠭᠰᠠᠨ ᠤ᠋ ᠳᠠᠷᠠᠭ᠎ᠠ ᠳᠡᠭᠦᠦ ᠠᠶᠤᠷᠪᠠᠷᠪᠠᠳᠠ ᠪᠠᠨ ᠳᠣᠲᠣᠭᠠᠳᠤ ᠶ᠋ᠢᠨ ᠰᠠᠮᠠᠭᠤᠨ ᠢ᠋ ᠲᠦᠪᠰᠢᠳᠬᠡᠪᠡ ᠭᠡᠮᠡᠨ ᠬᠣᠩ ᠲᠠᠢᠵᠢ ᠡᠷᠭᠦᠮᠵᠢᠯᠡᠨ ᠳᠤᠮᠳᠠᠳᠤ ᠪᠢᠴᠢᠭ ᠦ᠋ᠨ ᠮᠣᠵᠢ ᠶ᠋ᠢᠨ ᠴᠡᠷᠢᠭ ᠦ᠋ᠨ ᠶᠠᠮᠤᠨ᠂ᠲᠦᠰᠢᠮᠡᠯ ᠦ᠋ᠨ ᠶᠠᠮᠤᠨ ᠢ᠋ ᠶᠡᠷᠦᠩᠬᠡᠢᠯᠡᠨ ᠵᠠᠬᠢᠷᠤᠭᠤᠯᠵᠠᠢ᠃ᠨᠢᠭᠡᠨ ᠲᠦᠰᠢᠮᠡᠯ᠄《ᠥᠨᠥᠳᠥᠷ ᠪᠠᠷᠠᠭᠤᠨ ᠭᠠᠵᠠᠷ ᠤ᠋ᠨ ᠬᠤᠳᠠᠯᠳᠤᠭᠠᠴᠢᠨ ᠰᠠᠢᠨ ᠰᠤᠪᠤᠳ ᠲᠠᠨ᠎ᠠ ᠬᠤᠳᠠᠯᠳᠤᠷ᠎ᠠ ᠢᠷᠡᠪᠡ᠃ᠬᠣᠩ ᠲᠠᠢᠵᠢ ᠬᠤᠳᠠᠯᠳᠤᠨ ᠠᠪᠬᠤ ᠦᠭᠡᠢ ᠤᠤ》ᠭᠡᠵᠦ ᠠᠰᠠᠭᠤᠭᠰᠠᠨ᠎ᠠ ᠠᠶᠤᠷᠪᠠᠷᠪᠠᠳᠠ ᠄《ᠪᠢ ᠰᠢᠯᠤᠭᠤᠨ ᠬᠤᠪᠴᠠᠰᠤ ᠡᠮᠦᠰᠬᠦ ᠡᠴᠡ ᠪᠢᠰᠢ ᠰᠤᠪᠤᠳ ᠲᠠᠨ᠎ᠠ ᠪᠠᠷ ᠴᠢᠮᠡᠭᠰᠡᠨ ᠬᠤᠪᠴᠠᠰᠤ ᠡᠮᠦᠰᠬᠦ ᠦᠭᠡᠢ᠂ ᠵᠠᠰᠠᠯ ᠴᠢᠮᠡᠭ ᠦ᠋ᠨ ᠲᠤᠯᠠᠳᠠ ᠤᠯᠤᠰ ᠢᠷᠭᠡᠨ ᠦ᠌ ᠬᠥᠯᠥᠰᠥ ᠴᠢᠰᠤ ᠶ᠋ᠢ ᠬᠥᠩᠭᠡᠨ ᠢ᠋ᠶ᠋ᠡᠷ ᠰᠦᠢᠳᠬᠡᠵᠦ ᠬᠡᠷᠬᠢᠨ ᠪᠣᠯᠬᠤ ᠠᠵᠢ᠃ᠲᠠᠨᠤᠰ ᠡᠷᠳᠡᠮᠲᠡᠨ ᠮᠡᠷᠭᠡᠳ ᠢ᠋ ᠦᠯᠡᠮᠵᠢ ᠰᠣᠩᠭᠣᠨ ᠠᠪᠴᠢᠷᠠᠵᠤ ᠬᠡᠷᠡᠭᠯᠡᠬᠦ ᠬᠡᠷᠡᠭ ᠲᠦ᠍ ᠨᠠᠮᠠᠶ᠋ᠢ ᠬᠥᠲᠥᠯᠪᠡᠯ ᠵᠦᠢ᠂ᠬᠠᠷᠢᠨ ᠡᠳ᠋ ᠢ᠋ ᠪᠠᠷᠠᠭᠤᠯᠬᠤ ᠦᠢᠯᠡ ᠳ᠋ᠦ᠍ ᠪᠢᠲᠡᠭᠡᠢ ᠤᠳᠤᠷᠢᠳᠤᠭᠲᠤᠨ!》 ᠭᠡᠮᠡᠨ ᠰᠤᠷᠭᠠᠪᠠᠢ᠃
   ᠠᠶᠤᠷᠪᠠᠷᠪᠠᠳᠠ ᠬᠠᠭᠠᠨ ᠣᠷᠣ ᠰᠠᠭᠤᠭᠰᠠᠨ ᠤ᠋ ᠳᠠᠷᠠᠭ᠎ᠠ᠄《ᠦᠨᠡᠬᠡᠷ ᠡᠷᠳᠡᠮ ᠴᠢᠳᠠᠪᠤᠷᠢ ᠲᠠᠢ ᠪᠣᠯ ᠥᠲᠡᠯ᠎ᠡ ᠬᠥᠮᠦᠨ ᠢ᠋ ᠴᠦ᠍ ᠰᠣᠩᠭᠣᠨ ᠬᠡᠷᠡᠭᠯᠡᠵᠦ ᠪᠣᠯᠤᠨ᠎ᠠ》ᠭᠡᠮᠡᠨ ᠵᠠᠷᠯᠢᠭ ᠪᠣᠯᠪᠠ᠃1313ᠣᠨ ᠤ᠋2 ᠳ᠋ᠤᠭᠠᠷ ᠰᠠᠷ᠎ᠠ ᠳ᠋ᠤ᠌ ᠰᠠᠷᠲᠠᠭᠤᠯ ᠤ᠋ᠨ ᠬᠤᠳᠠᠯᠳᠤᠭᠠᠴᠢᠨ ᠰᠤᠪᠤᠳ ᠲᠠᠨ᠎ᠠ ᠬᠤᠳᠠᠯᠳᠤᠷ᠎ᠠ ᠢᠷᠡᠭᠰᠡᠨ ᠳ᠋ᠦ᠍ ᠠᠶᠤᠷᠪᠠᠷᠪᠠᠳᠠ ᠬᠠᠭᠠᠨ᠄《ᠪᠠᠷᠠᠭᠤᠨ ᠭᠠᠵᠠᠷ ᠤ᠋ᠨ ᠬᠤᠳᠠᠯᠳᠤᠭᠠᠴᠢᠳ ᠦᠷᠭᠦᠯᠵᠢ ᠡᠳ᠋ ᠡᠷᠳᠡᠨᠢᠰ ᠢ᠋ ᠬᠤᠳᠠᠯᠳᠤᠬᠤ ᠪᠠᠷ ᠢᠷᠡᠨ᠎ᠡ᠂ᠮᠢᠨᠦ ᠦᠵᠡᠬᠦ ᠪᠡᠷ ᠡᠨᠡ ᠮᠡᠲᠦ ᠡᠳ᠋ ᠡᠷᠳᠡᠨᠢᠰ ᠢ᠋ ᠬᠤᠳᠠᠯᠳᠤᠨ ᠠᠪᠴᠤ ᠬᠡᠷᠡᠭᠯᠡᠬᠦ ᠪᠡᠷ ᠶᠡᠷᠦ ᠰᠠᠢᠨ ᠬᠥᠮᠦᠨ ᠢ᠋ ᠬᠦᠨᠳᠦ ᠪᠡᠷ ᠬᠡᠷᠡᠭᠯᠡᠵᠦ ᠱᠠᠩᠨᠠᠬᠤ ᠶ᠋ᠢ ᠬᠦᠷᠬᠦ ᠦᠭᠡᠢ ᠶᠦ᠍ᠮ᠃ᠰᠠᠢᠨ ᠬᠥᠮᠦᠨ ᠢ᠋ ᠰᠣᠩᠭᠣᠵᠤ ᠬᠡᠷᠡᠭᠯᠡᠪᠡᠯ ᠵᠠᠭᠤᠨ ᠣᠪᠣᠭᠲᠤ ᠢᠷᠭᠡᠳ ᠵᠣᠯ ᠵᠢᠷᠭᠠᠯ ᠲᠠᠢ ᠪᠣᠯᠵᠤ ᠴᠢᠳᠠᠬᠤ ᠪᠥᠭᠡᠳ ᠤᠯᠤᠰ ᠭᠡᠷ ᠴᠦ᠍ ᠠᠮᠤᠷ ᠲᠦᠪᠰᠢᠨ ᠪᠣᠯᠵᠤ ᠴᠢᠳᠠᠨ᠎ᠠ᠃ᠲᠡᠭᠦᠨ ᠢ᠋ ᠰᠠᠶᠢ ᠤᠯᠤᠰ ᠭᠡᠷ ᠦ᠋ᠨ ᠡᠷᠳᠡᠨᠢ ᠭᠡᠵᠦ ᠬᠡᠯᠡᠵᠦ ᠪᠣᠯᠬᠤ ᠪᠤᠶᠤ》ᠭᠡᠪᠡ᠃ᠪᠠᠰᠠ᠄《ᠪᠢ ᠶᠡᠷᠦ ᠠᠷᠠᠳ ᠢᠷᠭᠡᠨ ᠢ᠋ ᠡᠩᠬᠡ ᠠᠮᠤᠭᠤᠯᠠᠩ ᠪᠣᠯᠭᠠᠬᠤ ᠶ᠋ᠢ ᠪᠣᠳᠣᠳᠠᠭ ᠶᠤᠮ᠃ᠪᠢᠴᠢᠭ ᠦ᠋ᠨ ᠬᠥᠮᠦᠨ ᠢ᠋ ᠬᠡᠷᠡᠭᠯᠡᠬᠦ ᠦᠭᠡᠢ ᠪᠣᠯ ᠶᠡᠬᠡ ᠲᠥᠷᠥ ᠶ᠋ᠢ ᠬᠡᠷᠬᠢᠨ ᠲᠣᠭᠲᠠᠭᠠᠵᠤ ᠴᠢᠳᠠᠬᠤ ᠠᠵᠢ᠂ᠭᠠᠭᠴᠠ ᠬᠦ᠌ ᠪᠢᠴᠢᠭ ᠦ᠋ᠨ ᠡᠷᠳᠡᠮᠲᠡᠨ ᠦ᠌ ᠳᠣᠲᠣᠷᠠᠬᠢ ᠣᠬᠢ ᠰᠠᠢᠨ ᠢ᠋ ᠨᠢ ᠣᠯᠵᠤ ᠬᠡᠷᠡᠭᠯᠡᠪᠡᠯ ᠰᠠᠶᠢ ᠤᠯᠤᠰ ᠭᠦᠷᠦᠨ ᠮᠠᠨᠳᠤᠵᠤ ᠴᠢᠳᠠᠬᠤ ᠪᠢᠯᠡ》ᠬᠡᠮᠡᠪᠡᠢ᠃1316 ᠣᠨ ᠳ᠋ᠤ᠌ ᠠᠶᠤᠷᠪᠠᠷᠪᠠᠳᠠ ᠬᠠᠭᠠᠨ ᠵᠠᠷᠯᠢᠭ ᠪᠠᠭᠤᠯᠭᠠᠵᠤ ᠬᠥᠪᠡᠭᠦᠨ ᠱᠣᠤᠨᠪᠠᠯᠠ  ᠪᠠᠨ ᠬᠣᠩ ᠲᠠᠢᠵᠢ ᠡᠷᠭᠦᠮᠵᠢᠯᠡᠨ ᠡᠷᠳᠡᠨᠢ ᠶ᠋ᠢᠨ ᠠᠯᠲᠠᠨ ᠲᠠᠮᠠᠭ᠎ᠠ ᠰᠣᠶᠣᠷᠬᠠᠵᠤ ᠵᠦᠩ ᠱᠤ᠌ ᠱᠧᠩ ᠶᠠᠮᠤᠨ ᠢ᠋ ᠬᠠᠮᠢᠶᠠᠷᠤᠭᠤᠯᠪᠠ᠃ᠲᠠᠷᠢᠶᠠᠯᠠᠩ ᠢ᠋ ᠡᠷᠬᠢᠯᠡᠬᠦ ᠲᠦᠰᠢᠮᠡᠯ ᠮᠠᠨᠵᠤ᠂ᠢᠯᠠᠮ᠎ᠠ ᠶ᠋ᠢᠨ ᠮᠣᠳᠣ ᠳᠠᠷᠢᠬᠤᠢ ᠵᠢᠷᠤᠭ ᠢ᠋ ᠬᠠᠭᠠᠨ ᠳ᠋ᠤ᠌ ᠡᠷᠭᠦᠭᠰᠡᠨ᠎ᠡ ᠠᠶᠤᠷᠪᠠᠷᠪᠠᠳᠠ᠄《ᠲᠠᠷᠢᠶ᠎ᠠ ᠲᠥᠮᠥᠰᠥ ᠪᠣᠯᠪᠠᠰᠤ ᠢᠳᠡᠵᠦ ᠡᠮᠦᠰᠬᠦ ᠶ᠋ᠢᠨ ᠦᠨᠳᠦᠰᠦ ᠶᠦ᠍ᠮ᠃ᠲᠤᠰ ᠵᠢᠷᠤᠭ ᠮᠠᠰᠢ ᠰᠠᠢᠨ ᠲᠤᠯᠠ1000ᠢᠯᠡᠭᠦᠦ ᠬᠤᠪᠢ ᠵᠢᠷᠤᠵᠤ ᠢᠷᠡᠭᠡᠳ ᠲᠦ᠍ ᠲᠠᠷᠬᠠᠭ᠎ᠠ》 ᠬᠡᠮᠡᠵᠦᠬᠦᠢ᠃ᠨᠢᠭᠡᠨ ᠰᠥᠨᠢ ᠶᠡᠬᠡ ᠰᠠᠯᠬᠢᠨ ᠰᠠᠯᠬᠢᠯᠠᠵᠤ ᠴᠠᠰᠤ ᠰᠢᠭᠤᠷᠤᠨ ᠲᠩᠷᠢ ᠬᠦᠢᠲᠡᠷᠡᠭᠰᠡᠨ᠎ᠡ ᠠᠶᠤᠷᠪᠠᠷᠪᠠᠳᠠ ᠬᠠᠭᠠᠨ ᠳᠣᠣᠷᠠᠬᠢ ᠲᠦᠰᠢᠮᠡᠯ ᠳ᠋ᠡᠭᠡᠨ᠄《ᠪᠢ ᠲᠠ ᠨᠠᠷ ᠯᠤᠭ᠎ᠠ ᠳᠤᠯᠠᠭᠠᠨ ᠭᠡᠷ ᠲᠦ᠍ᠷ ᠰᠠᠭᠤᠮᠤᠢ᠃ᠭᠡᠲᠡᠯ᠎ᠡ ᠠᠯᠤᠰ ᠬᠣᠯᠠ ᠬᠢᠯᠢ ᠬᠢᠵᠠᠭᠠᠷ ᠢ᠋ ᠰᠠᠬᠢᠬᠤ ᠲᠥᠷᠥᠯ ᠦ᠋ᠨ ᠠᠬ᠎ᠠ ᠳᠡᠭᠦᠦ ᠨᠠᠷ ᠡᠢᠮᠦ ᠬᠦᠢᠲᠡᠨ ᠳ᠋ᠦ᠍ ᠶᠠᠭᠠᠬᠢᠵᠤ ᠲᠡᠰᠪᠦᠷᠢᠯᠡᠵᠦ ᠪᠠᠢᠭ᠎ᠠ ᠪᠣᠯ ᠳᠠ!ᠲᠡᠳᠡᠨ ᠳ᠋ᠦ᠍ ᠣᠯᠭᠣᠬᠤ ᠵᠢᠯ ᠪᠦᠷᠢ ᠶ᠋ᠢᠨ ᠵᠣᠭᠣᠰ ᠮᠥᠩᠭᠥ ᠲᠣᠷᠭ᠎ᠠ ᠪᠥᠰ ᠢ᠋ ᠪᠦᠷᠢᠨ ᠡᠰᠡ ᠥᠭᠴᠦ ᠦᠯᠦ ᠪᠣᠯᠤᠨ᠎ᠠ》 ᠭᠡᠮᠡᠨ ᠵᠠᠷᠯᠢᠭ ᠪᠣᠯᠪᠠ᠃ ᠠᠶᠤᠷᠪᠠᠷᠪᠠᠳᠠ ᠪᠣᠯ ᠶᠡᠬᠡ ᠶᠤᠸᠠᠨ ᠤᠯᠤᠰ ᠤ᠋ᠨ ᠨᠠᠢ᠍ᠮᠠᠳᠤᠭᠠᠷ ᠦᠶ᠎ᠡ ᠶ᠋ᠢᠨ ᠬᠠᠭᠠᠨ᠃ᠮᠣᠩᠭᠣᠯ ᠢ᠋ᠶ᠋ᠠᠷ ᠪᠤᠶᠠᠨᠲᠤ ᠬᠠᠭᠠᠨ᠂ᠬᠢᠲᠠᠳ ᠢ᠋ᠶ᠋ᠠᠷ ᠷᠢᠨᠽᠥ᠋ᠩ ᠭᠡᠳᠡᠭ᠃ᠲᠡᠭᠦᠨ ᠢ᠋ 《ᠦᠯᠡᠮᠵᠢ ᠮᠡᠷᠭᠡᠨ ᠲᠠᠬᠢᠮᠳᠠᠭᠤ ᠪᠣᠭᠳᠠ ᠬᠠᠭᠠᠨ》 ᠭᠡᠮᠡᠨ ᠨᠡᠬᠡᠨ ᠡᠷᠭᠦᠮᠵᠢᠯᠡᠭᠰᠡᠨ ᠪᠢᠯᠡ᠃

ᠱᠤᠳᠪᠠᠯᠠ ᠬᠠᠭᠠᠨ

    ᠬᠢᠶᠠᠳ ᠶᠠᠰᠤᠲᠤ ᠪᠤᠷᠵᠢᠬᠢᠳ ᠣᠪᠣᠭᠲᠤ ᠱᠤᠳᠪᠠᠯᠠ ᠪᠣᠯ ᠠᠶᠤᠷᠪᠠᠷᠪᠠᠳᠠ ᠬᠠᠭᠠᠨ ᠤ᠋ ᠬᠥᠪᠡᠭᠦᠨ᠂ᠬᠠᠭᠠᠨ ᠤ᠋ ᠠᠪᠠᠯᠢ ᠬᠠᠲᠤᠨ ᠬᠣᠩᠭᠢᠷᠠᠳ ᠠᠨᠠᠰᠢᠷᠢ ᠠ᠋ᠴᠠ ᠲᠥᠷᠥᠵᠡᠢ᠃1312ᠣᠨ ᠳ᠋ᠤ᠌ ᠱᠤᠳᠪᠠᠯᠠ ᠬᠠᠭᠠᠨ ᠣᠷᠳᠣᠨ ᠤ᠋ ᠳᠥᠷᠪᠡᠨ ᠡᠭᠡᠯᠵᠢ ᠶ᠋ᠢᠨ ᠬᠡᠰᠢᠭᠲᠡᠨ ᠴᠡᠷᠢᠭ ᠢ᠋ ᠶᠡᠷᠦᠩᠬᠡᠢᠯᠡᠨ ᠵᠠᠬᠢᠷᠴᠠᠢ᠃1316ᠣᠨ ᠳ᠋ᠤ᠌ ᠬᠣᠩ ᠲᠠᠢᠵᠢ ᠡᠷᠭᠦᠮᠵᠢᠯᠡᠭᠳᠡᠵᠦ ᠠᠯᠲᠠᠨ ᠲᠠᠮᠠᠭ᠎ᠠ ᠬᠦᠷᠲᠡᠭᠡᠳ ᠵᠡᠭᠦᠨ ᠣᠷᠳᠣᠨ ᠤ᠋ ᠬᠡᠷᠡᠭ ᠢ᠋ ᠬᠠᠮᠢᠶᠠᠷᠪᠠ᠃1319ᠣᠨ ᠳ᠋ᠤ᠌ ᠵᠦᠩ ᠱᠤ᠌ ᠱᠧᠩ ᠦ᠋ᠨ ᠴᠡᠷᠢᠭ ᠦ᠋ᠨ ᠶᠠᠪᠤᠳᠠᠯ ᠤ᠋ᠨ ᠶᠠᠮᠤᠨ ᠤ᠋ ᠬᠡᠷᠡᠭ ᠢ᠋ ᠶᠡᠷᠦᠩᠬᠡᠢᠯᠡᠨ ᠵᠠᠬᠢᠷᠴᠠᠢ᠃
    ᠶᠠᠨ ᠢᠤ ᠶ᠋ᠢᠨ ᠳᠣᠯᠣᠳᠤᠭᠠᠷ ᠣᠨ ᠤ᠋ ᠲᠡᠷᠢᠭᠦᠨ ᠰᠠᠷ᠎ᠠ ᠳ᠋ᠤ᠌ ᠪᠤᠶᠠᠨᠲᠤ ᠬᠠᠭᠠᠨ ᠠᠶᠤᠷᠪᠠᠷᠪᠠᠳᠠ ᠲᠠᠭᠠᠯᠠᠯ ᠲᠡᠭᠦᠰᠴᠦ ᠭᠤᠷᠪᠠᠳᠤᠭᠠᠷ ᠰᠠᠷ᠎ᠠ ᠳ᠋ᠤᠨᠢ ᠱᠤᠳᠪᠠᠯᠠ ᠬᠠᠭᠠᠨ ᠰᠠᠭᠤᠷᠢᠨ ᠢ ᠵᠠᠯᠭᠠᠮᠵᠢᠯᠠᠵᠤ《ᠶᠡᠬᠡ ᠶᠤᠸᠠᠨ ᠤᠯᠤᠰ ᠤ᠋ᠨ ᠨᠡᠪᠲᠡᠷᠬᠡᠢ ᠴᠠᠭᠠᠵᠠ》 ᠶ᠋ᠢ ᠠᠯᠪᠠᠨ ᠶᠣᠰᠣᠭᠠᠷ ᠨᠡᠢᠲᠡᠯᠡᠨ ᠬᠡᠷᠡᠭᠵᠢᠭᠦᠯᠦᠭᠡᠳ ᠣᠯᠠᠨ ᠢ᠋ᠶ᠋ᠠᠷ ᠳᠦᠷᠢᠮᠯᠡᠨ ᠰᠠᠬᠢᠭᠤᠯᠤᠭᠰᠠᠨ ᠪᠢᠯᠡ᠃ᠴᠢᠩᠰᠠᠩ ᠪᠠᠢᠵᠤ᠄《ᠡᠷᠲᠡᠨ ᠡᠴᠡ ᠢᠨᠠᠭᠰᠢ ᠬᠠᠭᠠᠨ ᠡᠵᠡᠨ ᠳᠡᠯᠡᠬᠡᠢ ᠳ᠋ᠠᠬᠢᠨ ᠢ᠋ ᠵᠠᠬᠢᠷᠬᠤ ᠳ᠋ᠠᠭᠠᠨ ᠢᠷᠭᠡᠨ ᠦ᠌ ᠰᠡᠳᠬᠢᠯ ᠢ᠋ ᠠᠪᠬᠤ ᠶ᠋ᠢ ᠦᠨᠳᠦᠰᠦ ᠪᠣᠯᠭᠠᠭᠰᠠᠭᠠᠷ ᠢᠷᠡᠪᠡ᠃ᠢᠷᠭᠡᠨ ᠦ᠌ ᠰᠡᠳᠬᠢᠯ ᠢ᠋ ᠠᠯᠳᠠᠬᠤ ᠳ᠋ᠤ᠌ ᠬᠦᠷᠪᠡᠯ ᠳᠡᠯᠡᠬᠡᠢ ᠳ᠋ᠠᠬᠢᠨ ᠢ᠋ ᠠᠯᠳᠠᠨ᠎ᠠ᠂ᠠᠮᠤ ᠪᠤᠳᠠᠭ᠎ᠠ ᠠᠯᠲᠠ ᠮᠥᠩᠭᠥ ᠪᠣᠯ ᠢᠷᠭᠡᠨ ᠦ᠌ ᠮᠢᠬ᠎ᠠ ᠴᠢᠰᠤ ᠮᠡᠲᠦ ᠪᠣᠯᠠᠢ᠃ ᠶᠡᠬᠡ ᠠᠪᠤᠪᠠᠯ ᠢᠷᠭᠡᠨ ᠶᠠᠳᠠᠭᠤᠷᠠᠭᠠᠳ ᠤᠯᠤᠰ ᠡᠪᠳᠡᠷᠡᠨ᠎ᠡ᠃ᠪᠠᠭ᠎ᠠ ᠠᠪᠤᠪᠠᠯ ᠢᠷᠭᠡᠨ ᠪᠠᠶᠠᠵᠢᠭᠠᠳ ᠤᠯᠤᠰ ᠡᠩᠬᠡᠵᠢᠨ᠎ᠡ》ᠭᠡᠮᠡᠨ ᠠᠢᠯᠠᠳᠬᠠᠭᠰᠠᠨ ᠳ᠋ᠤ᠌ ᠬᠠᠭᠠᠨ᠄《ᠪᠢ ᠰᠡᠳᠬᠢᠪᠡᠰᠦ ᠢᠷᠭᠡᠨ ᠬᠦᠨᠳᠦ ᠬᠠᠭᠠᠨ ᠬᠥᠩᠭᠡᠨ᠂ ᠤᠯᠤᠰ ᠲᠤ᠌ ᠬᠡᠷᠪᠡ ᠢᠷᠭᠡᠨ ᠦᠭᠡᠢ ᠪᠣᠯ ᠬᠡᠨ ᠳ᠋ᠡᠭᠡᠨ ᠬᠠᠭᠠᠨ ᠰᠠᠭᠤᠬᠤ ᠪᠣᠢ?》 ᠭᠡᠪᠡ᠃ᠲᠡᠭᠦᠨ ᠢ᠋ 《ᠭᠡᠭᠡᠨ ᠬᠠᠭᠠᠨ》 ᠭᠡᠮᠡᠨ ᠨᠡᠬᠡᠮᠵᠢᠯᠡᠭᠰᠡᠨ ᠪᠢᠯᠡ᠃

ᠱᠠᠩᠳᠤ ᠶ᠋ᠢᠨ ᠡᠮᠦᠨᠡᠲᠦ ᠳᠣᠪᠣ ᠶ᠋ᠢᠨ ᠬᠤᠪᠢᠰᠤᠯ

   ᠳᠡᠭᠡᠳᠦ ᠨᠡᠢᠰᠯᠡᠯ ᠱᠠᠩᠳᠤ ᠪᠠᠯᠭᠠᠳ ᠠ᠋ᠴᠠ ᠪᠠᠷᠠᠭᠤᠨ ᠡᠮᠦᠨᠡᠰᠢ70 ᠭᠠᠵᠠᠷ ᠤ᠋ᠨ ᠵᠠᠢ ᠳ᠋ᠤ᠌ ᠪᠠᠢᠬᠤ ᠡᠮᠦᠨᠡᠲᠦ ᠳᠣᠪᠣ ᠶ᠋ᠢ《ᠪᠣᠯᠣᠷ ᠡᠷᠢᠭᠡ》ᠵᠡᠷᠭᠡ ᠰᠤᠷᠪᠤᠯᠵᠢ ᠲᠡᠦᠬᠡ ᠳ᠋ᠦ᠍《ᠮᠣᠷᠢᠨ ᠡᠪᠴᠢᠭᠦᠦ ᠠᠭᠤᠯᠠ》᠂《ᠡᠮᠦᠨᠡᠲᠦ ᠬᠠᠯᠬᠠᠪᠴᠢ ᠠᠭᠤᠯᠠ》ᠭᠡᠮᠡᠨ ᠲᠡᠮᠳᠡᠭᠯᠡᠵᠦ ᠶᠤᠸᠠᠨ ᠱᠢ ᠵᠡᠷᠭᠡ ᠬᠢᠲᠠᠳ ᠰᠤᠷᠪᠤᠯᠵᠢ ᠰᠤᠳᠤᠷ ᠲᠤ᠌《ᠨᠠᠨ ᠫᠦᠸᠧ》ᠭᠡᠮᠡᠨ ᠲᠡᠮᠳᠡᠭᠯᠡᠵᠡᠢ᠃1323ᠣᠨ ᠤ᠋ ᠵᠤᠨ᠂ᠱᠣᠳᠪᠠᠯᠠ ᠬᠠᠭᠠᠨ ᠡᠪᠦᠭᠡᠳ ᠦ᠋ᠨ ᠰᠦᠮ᠎ᠡ ᠶ᠋ᠢ ᠲᠣᠭᠣᠷᠢᠨ ᠦᠵᠡᠬᠦ ᠳ᠋ᠡᠭᠡᠨ ᠴᠢᠩᠭᠢᠰ ᠬᠠᠭᠠᠨ ᠪᠠ ᠬᠤᠪᠢᠯᠠᠢ ᠬᠠᠭᠠᠨ ᠤ᠋ ᠦᠯᠡᠳᠡᠭᠡᠭᠰᠡᠨ ᠨᠥᠬᠥᠭᠡᠰᠦ ᠲᠡᠢ ᠬᠣᠶᠠᠷ ᠵᠠᠬ᠎ᠠ ᠴᠠᠭᠠᠨ ᠪᠥᠰ ᠳᠡᠪᠡᠯ ᠢ᠋ ᠤᠳᠠᠲᠠᠯ᠎ᠠ ᠬᠠᠷᠠᠭᠠᠳ ᠰᠠᠨᠠᠭ᠎ᠠ ᠠᠯᠳᠠᠵᠤ᠄《ᠤᠷᠢᠳᠤ ᠮᠢᠨᠦ ᠡᠪᠦᠭᠡ ᠳᠡᠭᠡᠳᠦᠰ ᠠᠩᠬ᠎ᠠ ᠲᠥᠷᠥ ᠶ᠋ᠢ ᠡᠭᠦᠰᠬᠡᠨ ᠪᠠᠢᠭᠤᠯᠬᠤᠢ ᠳ᠋ᠤᠷ ᠡᠢᠮᠦ ᠮᠠᠭᠤ ᠨᠥᠬᠥᠭᠡᠰᠦ ᠲᠡᠢ ᠬᠤᠪᠴᠠᠰᠤ ᠶ᠋ᠢ ᠡᠮᠦᠰᠴᠦ ᠡᠳ᠋ᠯᠡᠵᠦ ᠶᠠᠪᠤᠭᠰᠠᠨ ᠪᠠᠢᠵᠠᠢ᠃ᠡᠭᠦᠨ ᠢ᠋ ᠪᠢ ᠬᠡᠷᠬᠢᠨ ᠠᠶᠤᠮᠰᠢᠭ ᠦᠭᠡᠢ ᠮᠠᠷᠲᠠᠵᠤ ᠪᠣᠯᠬᠤ ᠠᠵᠢ》ᠬᠡᠮᠡᠪᠡ᠃ᠲᠤᠬᠠᠢ ᠳ᠋ᠤᠷ ᠬᠠᠮᠤᠭ ᠢ᠋ ᠢᠯᠭᠠᠭᠴᠢ ᠲᠦᠰᠢᠮᠡᠯ ᠲᠡᠮᠦᠳᠠᠷ᠄《ᠬᠤᠯᠵᠢᠨ ᠵᠠᠯᠢ ᠲᠠᠢ ᠪᠥᠭᠡᠳ ᠰᠢᠨᠤᠬᠠᠢ ᠮᠠᠭᠤ ᠰᠠᠨᠠᠭ᠎ᠠ ᠲᠠᠢ᠂ᠲᠡᠭᠦᠨ ᠦ᠌ ᠬᠡᠭᠦᠷ ᠢ᠋ ᠠᠭᠤᠳᠠᠯᠪᠠᠰᠤ ᠵᠣᠬᠢᠮᠤᠢ》ᠭᠡᠮᠡᠨ ᠠᠢᠯᠠᠳᠬᠠᠭᠰᠠᠨ ᠳ᠋ᠤ᠌ ᠱᠣᠳᠪᠠᠯᠠ ᠬᠠᠭᠠᠨ ᠵᠥᠪᠰᠢᠶᠡᠷᠡᠵᠦ ᠲᠠᠮᠤᠳᠠᠷ ᠢ᠋ ᠨᠡᠬᠡᠮᠵᠢᠯᠡᠨ ᠡᠷᠭᠦᠮᠵᠢᠯᠡᠭᠰᠡᠨ ᠴᠢᠯᠠᠭᠤᠨ ᠬᠥᠰᠢᠶ᠎ᠡ ᠪᠠ ᠪᠢᠴᠢᠭ ᠢ᠋ ᠨᠢ ᠡᠪᠳᠡᠨ ᠬᠠᠶᠠᠪᠠ᠃ᠲᠡᠮᠥᠳᠠᠷ ᠤ᠋ᠨ ᠨᠠᠮ ᠰᠦᠯᠪᠡᠭᠡᠳᠡᠨ ᠳᠥᠰᠢ ᠲᠡᠷᠢᠭᠦᠯᠡᠨ ᠭᠡᠯᠮᠡᠭᠳᠡᠨ ᠠᠶᠤᠯᠳᠤᠪᠡᠢ᠃ᠲᠡᠢᠨ ᠬᠦ᠌ ᠲᠠᠢᠹᠦ᠋ ᠲᠦᠰᠢᠮᠡᠯ ᠲᠦᠰᠢ᠂ᠲᠤᠤᠯᠠ ᠭᠣᠣᠯ ᠤ᠋ᠨ ᠬᠥᠪᠡᠭᠡᠨ᠎ᠡ ᠠᠪᠠ ᠬᠣᠮᠣᠷᠭ᠎ᠠ ᠲᠠᠯᠪᠢᠵᠤ ᠪᠠᠢᠭᠰᠠᠨ ᠵᠢᠨ ᠸᠠᠩ ᠶᠢᠰᠦᠨᠲᠡᠮᠥᠷ ᠲᠦ᠍ ᠡᠯᠴᠢ ᠢᠯᠡᠬᠡᠨ᠄《ᠪᠢ ᠬᠠᠰᠠᠨ᠂ᠡᠰᠠᠨᠲᠡᠮᠥᠷ ᠯᠦ᠍ᠭᠡ ᠬᠠᠮᠲᠤᠷᠠᠵᠤ ᠱᠣᠳᠪᠠᠯᠠ ᠬᠠᠭᠠᠨ ᠢ᠋ ᠬᠣᠷᠣᠭᠠᠬᠤ ᠪᠠᠷ ᠪᠣᠢ᠃ᠬᠡᠷᠪᠡ ᠪᠢᠳᠡᠨ ᠦ᠌ ᠵᠣᠷᠢᠯᠭ᠎ᠠ ᠪᠡᠶᠡᠯᠡᠭᠳᠡᠪᠡᠯ ᠲᠠᠨ ᠢ᠋ ᠵᠠᠯᠠᠵᠤ ᠬᠠᠭᠠᠨ ᠰᠢᠷᠡᠭᠡᠨ᠎ᠠ ᠰᠠᠭᠤᠯᠭᠠᠶ᠎ᠠ》ᠭᠡᠮᠡᠨ ᠬᠡᠯᠡᠭᠦᠯᠦᠭᠰᠡᠨ ᠳ᠋ᠦ᠍ ᠶ᠋ᠢᠨ ᠸᠠᠩ ᠡᠰᠡ ᠵᠥᠪᠰᠢᠶᠡᠷᠡᠨ ᠲᠦᠰᠢ ᠶ᠋ᠢᠨ ᠲᠣᠮᠢᠯᠠᠭᠰᠠᠨ ᠡᠯᠴᠢ ᠶ᠋ᠢ ᠭᠢᠨᠳᠠᠨ ᠳ᠋ᠤ᠌ ᠬᠣᠷᠢᠪᠠ᠃ᠡᠭᠦᠨ ᠦ᠌ ᠬᠠᠮᠲᠤ ᠡᠨᠡ ᠬᠦ᠌ ᠪᠠᠴᠢᠮ ᠴᠢᠮᠡᠭᠡ ᠶ᠋ᠢ ᠱᠣᠳᠪᠠᠯᠠ ᠬᠠᠭᠠᠨ ᠳ᠋ᠤ᠌ ᠰᠣᠨᠣᠰᠬᠠᠬᠤ ᠪᠠᠷ ᠱᠠᠩᠳᠤ ᠨᠡᠢᠰᠯᠡᠯ ᠵᠦᠭ ᠬᠤᠷᠳᠤᠨ ᠡᠯᠴᠢ ᠶ᠋ᠢ ᠰᠠᠮ ᠢ᠋ᠶ᠋ᠠᠷ ᠢᠯᠡᠭᠡᠵᠡᠢ᠃
ᡁᠢ ᡁᠢ ᠶ᠋ᠢᠨ ᠭᠤᠷᠪᠠᠳᠤᠭᠠᠷ ᠣᠨ(1323 ᠣᠨ) ᠤ᠋ ᠨᠠᠢ᠍ᠮᠠᠳᠤᠭᠠᠷ ᠰᠠᠷ᠎ᠠ ᠳ᠋ᠤ᠌ ᠭᠡᠭᠡᠨ ᠬᠠᠭᠠᠨ ᠱᠣᠳᠪᠠᠯᠠ ᠱᠠᠩᠳᠤ ᠪᠠᠯᠭᠠᠳ ᠠ᠋ᠴᠠ ᠮᠣᠷᠳᠠᠵᠤ ᠡᠮᠦᠨᠡᠲᠦ ᠳᠣᠪᠣ ᠬᠡᠮᠡᠬᠦ ᠭᠠᠵᠠᠷ ᠬᠣᠨᠣᠭᠯᠠᠪᠠ᠃ᠰᠥᠨᠢ ᠠᠰᠤ ᠶ᠋ᠢᠨ ᠬᠦᠷᠢᠶᠡᠨ ᠦ᠌ ᠰᠢᠳᠠᠷ ᠴᠡᠷᠢᠭ ᠦ᠋ᠨ ᠵᠠᠬᠢᠷᠤᠭᠴᠢ ᠶ᠋ᠢᠨ ᠲᠤᠰᠢᠶᠠᠯ ᠢ᠋ ᠬᠠᠪᠰᠤᠷᠭᠠᠭᠰᠠᠨ ᠲᠦᠰᠢ᠂ᠡᠰᠡᠨᠳᠡᠮᠥᠷ᠂ᠰᠢᠳᠠᠷ᠂ᠴᠢᠬᠢᠨᠲᠡᠮᠥᠷ᠂ᠥᠯᠵᠡᠢ᠂ᠰᠤᠨᠠᠮ᠂ᠲᠣᠭᠣᠭᠠᠴᠢ᠂ᠬᠠᠰᠠᠨ᠂ᠵᠠᠩᠲᠠᠢ᠂ᠲᠦᠮᠡᠨ᠂ᠠᠯᠲᠡᠨᠪᠤᠬ᠎ᠠ᠂ᠪᠤᠯᠤ᠂ᠶᠣᠯᠪᠤᠬ᠎ᠠ᠂ᠬᠦᠷᠦᠪᠤᠬ᠎ᠠ᠂ᠤᠯᠤᠰᠪᠤᠬ᠎ᠠ᠂ᠠᠰᠤ ᠶ᠋ᠢᠨ ᠬᠦᠷᠢᠶᠡᠨ ᠦ᠌ ᠴᠡᠷᠢᠭ ᠢ᠋ᠶ᠋ᠡᠷ ᠭᠠᠳᠠᠨᠠᠬᠢ ᠥᠮᠥᠭᠯᠡᠯ ᠪᠣᠯᠭᠠᠭᠠᠳ ᠤᠷᠢᠳ ᠢ᠋ᠶ᠋ᠠᠷ ᠴᠢᠩᠰᠠᠩ ᠪᠠᠢᠵᠤ ᠶ᠋ᠢ ᠠᠯᠠᠵᠤ᠂ᠬᠠᠭᠠᠨ ᠤ᠋ ᠴᠠᠴᠠᠷ ᠲᠤ᠌ ᠳᠠᠭᠠᠷᠢᠨ ᠣᠷᠣᠵᠤ ᠱᠤᠳᠪᠠᠯᠠ ᠬᠠᠭᠠᠨ ᠢ᠋ ᠬᠥᠨᠥᠭᠡᠭᠰᠡᠨ ᠬᠣᠢᠨ᠎ᠠ ᠰᠥᠨᠢᠵᠢᠨ ᠳᠠᠢᠳᠤ ᠪᠡᠭᠡᠵᠢᠩ ᠳ᠋ᠦ᠍ ᠳᠣᠪᠲᠣᠯᠭᠠᠨ ᠬᠠᠷᠢᠵᠤ᠂ᠮᠣᠵᠢ ᠶ᠋ᠢᠨ ᠶᠠᠮᠤᠨ ᠤ᠋ ᠲᠠᠮᠠᠭ᠎ᠠ ᠲᠡᠮᠳᠡᠭ ᠦ᠋ᠳ ᠢ᠋ ᠬᠤᠷᠢᠶᠠᠮᠵᠢᠯᠠᠨ ᠪᠢᠲᠡᠭᠦᠮᠵᠢᠯᠡᠵᠦ ᠬᠠᠰ ᠡᠷᠳᠡᠨᠢ ᠶ᠋ᠢᠨ ᠲᠠᠮᠠᠭ᠎ᠠ ᠲᠡᠪᠡᠷᠢᠭᠰᠡᠨ ᠡᠯᠴᠢ ᠶ᠋ᠢ ᠭᠣᠪᠢ ᠶ᠋ᠢᠨ ᠠᠷᠤ ᠳ᠋ᠠᠬᠢ ᠶ᠋ᠢᠨ ᠸᠠᠩ ᠤ᠋ᠨ ᠣᠷᠳᠣᠨ ᠳ᠋ᠤ᠌ ᠲᠣᠮᠢᠯᠠᠪᠠ᠃

ᠶᠢᠰᠣᠨᠲᠡᠮᠥᠷ ᠬᠠᠭᠠᠨ

   ᠬᠢᠶᠠᠳ ᠶᠠᠰᠤᠲᠤ ᠪᠤᠷᠵᠢᠬᠢᠳ ᠣᠪᠣᠭᠲᠤ ᠶᠢᠰᠥᠨᠲᠡᠮᠥᠷ ᠪᠣᠯ ᠬᠣᠩ ᠲᠠᠢᠵᠢ ᠴᠢᠩᠭᠢᠮ ᠦ᠋ᠨ ᠠᠬᠠᠮᠠᠳ ᠬᠥᠪᠡᠭᠦᠨ ᠭᠠᠮᠪᠠᠯ ᠤ᠋ᠨ ᠬᠦᠦ ᠶᠦ᠍ᠮ᠃1276ᠣᠨ ᠳ᠋ᠤ᠌ ᠪᠤᠶᠠᠨᠬᠢᠷᠢᠮᠠᠰᠢ ᠬᠠᠲᠤᠨ ᠠ᠋ᠴᠠ ᠲᠥᠷᠥᠵᠡᠢ᠃1302ᠣᠨ ᠳ᠋ᠤ᠌ ᠶᠢᠰᠥᠨᠲᠡᠮᠥᠷ ᠡᠴᠢᠭᠡ ᠶ᠋ᠢᠨ ᠢ᠋ᠶ᠋ᠡᠨ ᠵᠡᠷᠭᠡ ᠬᠡᠷᠬᠡᠮ ᠢ᠋ ᠵᠠᠯᠭᠠᠮᠵᠢᠯᠠᠵᠤ ᠶ᠋ᠢᠨ ᠸᠠᠩ ᠡᠷᠭᠦᠮᠵᠢᠯᠡᠭᠳᠡᠭᠡᠳ ᠤᠮᠠᠷᠠᠲᠤ ᠬᠢᠵᠠᠭᠠᠷ ᠢ᠋ ᠰᠠᠬᠢᠨ ᠬᠠᠮᠠᠭᠠᠯᠠᠵᠤ ᠰᠠᠭᠤᠵᠠᠢ᠃ᠳᠥᠰᠢ ᠲᠦᠷᠦᠭᠦᠯᠡᠨ ᠱᠤᠳᠪᠠᠯᠠ ᠬᠠᠭᠠᠨ ᠢ᠋ ᠬᠣᠷᠣᠭᠠᠭᠰᠠᠨ ᠤ᠋ ᠬᠣᠢᠨ᠎ᠠ ᠠᠯᠲᠠᠨᠪᠤᠬ᠎ᠠ᠂ᠡᠰᠡᠨᠳᠡᠮᠦᠷ ᠬᠣᠶᠠᠷ ᠸᠠᠩ᠂ᠬᠠᠭᠠᠨ ᠤ᠋ ᠬᠠᠰ ᠲᠠᠮᠠᠭ᠎ᠠ ᠶ᠋ᠢ ᠠᠪᠴᠤ ᠤᠮᠠᠷᠠᠲᠤ ᠬᠢᠵᠠᠭᠠᠷ ᠲᠤ᠌ ᠶ᠋ᠢᠨ ᠸᠠᠩ ᠢ᠋ ᠤᠭᠲᠤᠷ᠎ᠠ ᠣᠴᠢᠪᠠ᠃ᠲᠤᠰ ᠵᠢᠯ ᠦ᠋ᠨ9 ᠳ᠋ᠦ᠍ᠭᠡᠷ ᠰᠠᠷ᠎ᠠ ᠶ᠋ᠢᠨ ᠰᠢᠨ᠎ᠡ ᠶ᠋ᠢᠨ4 ᠦ᠌ ᠡᠳᠦᠷ ᠬᠡᠷᠦᠯᠦᠨ ᠮᠥᠷᠡᠨ ᠦ᠌ ᠬᠥᠪᠡᠭᠡᠨ᠎ᠡ ᠶᠢᠰᠥᠨᠲᠡᠮᠥᠷ ᠬᠠᠭᠠᠨ ᠣᠷᠣ ᠶ᠋ᠢ ᠵᠠᠯᠭᠠᠨ ᠰᠠᠭᠤᠭᠠᠳ ᠱᠤᠳᠪᠠᠯᠠ ᠬᠠᠭᠠᠨ ᠢ᠋ ᠬᠣᠣᠷᠯᠠᠭᠰᠠᠨ ᠠᠷᠪᠠᠨ ᠬᠡᠳᠦᠨ ᠬᠥᠮᠦᠨ ᠢ᠋ ᠦᠯᠡᠳᠡᠭᠡᠯ ᠦᠭᠡᠢ ᠴᠠᠭᠠᠵᠠ ᠪᠠᠷ ᠠᠪᠠᠴᠢᠵᠤ ᠬᠦᠢᠰᠦ ᠲᠡᠮᠲᠡᠷᠢᠪᠡ᠃1324ᠣᠨ ᠤ᠋ ᠴᠠᠭᠠᠨ ᠰᠠᠷ᠎ᠠ ᠳ᠋ᠤ᠌ ᠬᠠᠭᠠᠨ ᠢ᠋ᠶ᠋ᠠᠷ ᠴᠢᠩᠰᠠᠩ ᠪᠠᠢᠵᠤ ᠶ᠋ᠢᠨ ᠬᠥᠪᠡᠭᠦᠨ ᠲᠠᠷᠮᠠᠰᠢᠷᠢ ᠶ᠋ᠢ ᠲᠦᠮᠡᠨ ᠦ᠌ ᠨᠣᠶᠠᠨ᠂ᠮᠠᠢᠵᠦ ᠶ᠋ᠢ ᠲᠠᠢᠨᠢᠩ ᠸᠠᠩ᠂ᠳᠣᠯᠣᠨᠱᠠᠭ᠎ᠠ ᠶ᠋ᠢ ᠵᠡᠭᠦᠨ ᠭᠠᠷ ᠤ᠋ᠨ ᠴᠢᠩᠰᠠᠩ᠂ᠰᠢᠦᠢ ᠮᠢ ᠵᠢᠶᠧ᠂ᠮᠠᠯᠤᠱᠠ᠂ᠨᠢᠦ ᠽᠧ᠂ᠰᠦᠢᠬᠡᠲᠦ ᠨᠠᠷ ᠢ᠋ ᠰᠢᠳᠠᠷ ᠲᠦᠰᠢᠮᠡᠯ ᠡᠷᠭᠦᠮᠵᠢᠯᠡᠭᠡᠳ ᠠᠯᠲᠠ ᠮᠥᠩᠭᠥ᠂ᠡᠳ᠋ ᠡᠷᠳᠡᠨᠢᠰ ᠢ᠋ᠶ᠋ᠡᠷ ᠱᠠᠩᠨᠠᠪᠠ᠃3 ᠳ᠋ᠤᠭᠠᠷ ᠰᠠᠷ᠎ᠠ ᠳ᠋ᠤ᠌ ᠬᠥᠪᠡᠭᠦᠨ ᠠᠰᠤᠬᠢᠦ᠎ᠠ ᠪᠠᠨ ᠬᠣᠩ ᠲᠠᠢᠵᠢ ᠡᠷᠭᠦᠮᠵᠢᠯᠡᠵᠦ ᠬᠥᠪᠡᠭᠦᠨ ᠪᠠᠳᠮᠠᠶᠥᠬᠡᠪ ᠢ᠋ᠶ᠋ᠡᠨ ᠵᠢᠨ ᠸᠠᠩ ᠪᠣᠯᠭᠠᠵᠤ ᠬᠥᠪᠡᠭᠦᠨ ᠪᠠᠯᠠᠰᠢᠷᠢ ᠪᠠᠨ ᠰᠢᠶᠠᠩ ᠢᠩ ᠸᠠᠩ ᠡᠷᠭᠦᠮᠵᠢᠯᠡᠵᠦ ᠴᠠᠭᠠᠨᠨᠠᠭᠤᠷ ᠲᠤ᠌ ᠰᠠᠭᠤᠯᠭᠠᠷ᠎ᠠ ᠢᠯᠡᠭᠡᠪᠡ᠃4 ᠳ᠋ᠦ᠍ᠭᠡᠷ ᠰᠠᠷ᠎ᠠ ᠳ᠋ᠤ᠌ ᠶᠢᠰᠥᠨᠲᠡᠮᠥᠷ ᠬᠠᠭᠠᠨ ᠳᠡᠭᠡᠳᠦ ᠨᠡᠢᠰᠯᠡᠯ ᠱᠠᠩᠳᠤ ᠪᠠᠯᠭᠠᠳ ᠲᠤ᠌ ᠬᠦᠷᠦᠭᠡᠳ᠄《ᠪᠢ ᠬᠠᠭᠠᠨ ᠣᠷᠣ ᠰᠠᠭᠤᠭᠰᠠᠨ ᠠ᠋ᠴᠠ ᠨᠠᠭᠠᠰᠢ ᠲᠣᠭᠲᠠᠭᠰᠠᠨ ᠵᠠᠰᠠᠭᠯᠠᠬᠤ ᠠ᠋ᠴᠠ ᠥᠭᠡᠷ᠎ᠡ ᠮᠢᠨᠦ ᠲᠤᠯᠠᠳᠠ ᠥᠭᠦᠯᠡᠭᠰᠡᠨ ᠬᠥᠮᠦᠨ ᠨᠢᠭᠡ ᠴᠦ᠍ ᠠᠯᠠᠭ᠎ᠠ᠃ᠮᠡᠳᠡᠵᠦ ᠪᠠᠢᠭᠠᠳ ᠬᠡᠯᠡᠬᠦ ᠦᠭᠡᠢ ᠪᠣᠯ ᠦᠨᠡᠨᠴᠢ ᠪᠤᠰᠤ ᠶᠤᠮ᠃ᠬᠣᠢᠰᠢᠳᠠ ᠲᠠ ᠨᠠᠷ ᠠᠯᠢᠪᠠ ᠦᠵᠡᠭᠰᠡᠨ ᠰᠣᠨᠣᠰᠤᠭᠰᠠᠨ ᠢ᠋ᠶ᠋ᠠᠨ ᠴᠥᠮ ᠨᠢᠭᠤᠯᠭᠦᠢ ᠨᠠᠳᠠ ᠰᠣᠨᠣᠰᠬ᠎ᠠ᠃ᠪᠢ ᠵᠠᠰᠠᠭ ᠬᠠᠤᠯᠢ ᠶ᠋ᠢ ᠲᠣᠳᠣᠷᠬᠠᠢ ᠣᠢᠯᠭᠠᠪᠠᠯ ᠰᠠᠶᠢ ᠲᠥᠷᠥ ᠶ᠋ᠢ ᠵᠥᠪ ᠵᠠᠰᠠᠵᠤ ᠴᠢᠳᠠᠨ᠎ᠠ᠃ᠲᠥᠷᠥ ᠶ᠋ᠢ ᠵᠥᠪ ᠵᠠᠰᠠᠵᠤ ᠴᠢᠳᠠᠪᠠᠯ ᠰᠠᠶᠢ ᠤᠯᠤᠰ ᠭᠡᠷ ᠡᠩᠬᠡ ᠠᠮᠤᠭᠤᠯᠠᠩ ᠪᠣᠯᠵᠤ ᠴᠢᠳᠠᠨ᠎ᠠ᠃ᠡᠰᠡ ᠲᠡᠢᠮᠦ ᠪᠥᠭᠡᠰᠦ ᠳᠡᠯᠡᠬᠡᠢ ᠳ᠋ᠠᠬᠢᠨ ᠭᠠᠰᠠᠯᠠᠩ ᠵᠣᠪᠠᠯᠠᠩ ᠳ᠋ᠤ᠌ ᠤᠴᠠᠷᠠᠵᠤ ᠮᠡᠳᠡᠨ᠎ᠡ》ᠭᠡᠵᠦ ᠴᠢᠩᠰᠠᠩ ᠲᠤᠯᠤᠨᠱᠠᠭ᠎ᠠ ᠳ᠋ᠤ᠌ ᠵᠠᠬᠢᠪᠠ᠃ᠪᠠᠰᠠ᠄《ᠠᠯᠢᠪᠠ ᠬᠡᠷᠡᠭ ᠢ᠋ ᠪᠠᠭ᠎ᠠ ᠳ᠋ᠤᠨᠢ ᠰᠡᠷᠭᠡᠢᠯᠡᠵᠦ ᠵᠠᠰᠠᠬᠤ ᠳ᠋ᠤ᠌ ᠬᠢᠯᠪᠠᠷ᠂ᠶᠡᠬᠡᠳᠡᠪᠡᠯ ᠵᠠᠰᠠᠬᠤᠶ᠎ᠠ ᠪᠡᠷᠬᠡ ᠪᠣᠯᠤᠨ᠎ᠠ᠃ᠮᠢᠨᠦ ᠡᠨᠡ ᠦᠭᠡ ᠶ᠋ᠢ ᠴᠢ ᠣᠯᠠᠨ ᠳ᠋ᠤ᠌ ᠲᠣᠳᠣᠷᠬᠠᠢ ᠰᠣᠨᠣᠰᠬᠠᠵᠤ ᠬᠠᠮᠤᠭ ᠣᠯᠠᠨ ᠢ᠋ᠶ᠋ᠠᠷ ᠰᠡᠷᠭᠡᠢᠯᠡᠨ ᠵᠠᠰᠠᠬᠤ ᠪᠣᠯᠲᠤᠭᠠᠢ》 ᠭᠡᠮᠡᠨ ᠵᠠᠷᠯᠢᠭ ᠪᠣᠯᠪᠠ᠃ᠳᠠᠷᠠᠭ᠎ᠠ ᠵᠢᠯ ᠨᠢ ᠣᠨ ᠤ᠋ ᠴᠣᠯᠠ ᠪᠠᠨ ᠳᠡᠢᠳᠢᠩ ᠭᠡᠮᠡᠨ ᠬᠠᠯᠠᠵᠠᠢ᠃1328 ᠣᠨ ᠤ᠋2 ᠳ᠋ᠤᠭᠠᠷ ᠰᠠᠷ᠎ᠠ ᠳ᠋ᠤ᠌ ᠪᠠᠰᠠ ᠣᠨ ᠤ᠋ ᠴᠣᠯᠠ ᠪᠠᠨ ᠬᠠᠯᠠᠵᠤ ᡁᠢ ᠾᠧ ᠶ᠋ᠢᠨ ᠲᠡᠷᠢᠭᠦᠨ ᠣᠨ ᠬᠡᠮᠡᠪᠡ᠃4 ᠳ᠋ᠦ᠍ᠭᠡᠷ ᠰᠠᠷ᠎ᠠ ᠳ᠋ᠤ᠌ ᠶᠢᠰᠦᠨᠳᠡᠮᠦᠷ ᠬᠠᠭᠠᠨ ᠱᠠᠩᠳᠤ ᠬᠣᠳᠠᠨ᠎ᠠ ᠬᠦᠷᠴᠦ ᠰᠡᠷᠢᠭᠦᠨ ᠣᠷᠳᠣᠨ ᠳ᠋ᠠᠭᠠᠨ ᠵᠠᠰᠠᠭᠯᠠᠪᠠ᠃5 ᠳ᠋ᠤᠭᠠᠷ ᠰᠠᠷ᠎ᠠ ᠶ᠋ᠢᠨ ᠴᠠᠭᠠᠨ ᠯᠤᠤ ᠡᠳᠦᠷ ᠲᠣᠭᠣᠭ᠎ᠠ ᠮᠡᠲᠦ ᠲᠥᠭᠥᠷᠢᠭ ᠣᠳᠣᠨ ᠲᠡᠭᠷᠢ ᠡᠴᠡ ᠭᠠᠵᠠᠷ ᠲᠤ᠌ ᠤᠨᠠᠭᠠᠳ ᠥᠩᠭᠡ ᠪᠦᠷᠢ ᠶ᠋ᠢᠨ ᠭᠡᠷᠡᠯ ᠭᠢᠯᠪᠠᠭ᠎ᠠ ᠲᠠᠲᠠᠪᠠ᠃7 ᠳ᠋ᠤᠭᠠᠷ ᠰᠠᠷ᠎ᠠ ᠶ᠋ᠢᠨ ᠴᠠᠭᠠᠨ ᠮᠣᠷᠢᠨ ᠡᠳᠦᠷ ᠶᠢᠰᠦᠨᠳᠡᠮᠦᠷ ᠬᠠᠭᠠᠨ ᠱᠠᠩᠳᠤ ᠬᠣᠳᠠᠨ᠎ᠠ ᠡᠪᠡᠳᠴᠢᠨ ᠢ᠋ᠶ᠋ᠡᠷ ᠲᠠᠭᠠᠯᠠᠯ ᠲᠡᠭᠦᠰᠪᠡ᠃ᠲᠡᠭᠦᠨ ᠢ᠋ 《ᠡᠩᠬᠡ ᠴᠠᠭ ᠢ᠋ ᠲᠣᠭᠲᠠᠭᠠᠭᠰᠠᠨ ᠳᠠᠢᠳᠠᠩ ᠬᠠᠭᠠᠨ》 ᠭᠡᠮᠡᠨ ᠡᠷᠭᠦᠮᠵᠢᠯᠡᠵᠡᠢ᠃

ᠬᠦᠰᠡᠯᠡ ᠬᠠᠭᠠᠨ

   ᠬᠢᠶᠠᠳ ᠶᠠᠰᠤᠲᠤ ᠪᠣᠷᠵᠢᠬᠢᠳ ᠣᠪᠣᠭᠲᠤ ᠬᠦᠰᠡᠯᠡ᠂1300ᠣᠨ ᠳ᠋ᠤ᠌ ᠬᠠᠢᠰᠠᠩ ᠬᠠᠭᠠᠨ ᠤ᠋ ᠢᠬᠢᠷᠡᠰ ᠬᠠᠲᠤᠨ ᠠ᠋ᠴᠠ ᠲᠥᠷᠥᠵᠡᠢ᠃1315ᠣᠨ ᠳ᠋ᠤ᠌ ᠠᠶᠤᠷᠪᠠᠷᠪᠠᠳᠠ ᠬᠠᠭᠠᠨ᠂ᠬᠦᠰᠡᠯᠡ ᠶ᠋ᠢ ᠵᠧᠦ ᠸᠠᠩ ᠡᠷᠭᠦᠮᠵᠢᠯᠡᠵᠦ ᠠᠯᠲᠠᠨ ᠲᠠᠮᠠᠭ᠎ᠠ ᠰᠣᠶᠣᠷᠬᠠᠪᠠ᠃ᠬᠦᠰᠡᠯᠡ᠃1317ᠣᠨ ᠳ᠋ᠤ᠌ ᠳᠠᠢᠳᠤ ᠪᠡᠭᠡᠵᠢᠩ ᠡᠴᠡ ᠠᠶᠠᠷᠯᠠᠨ ᠰᠠᠯᠵᠤ ᠠᠯᠲᠠᠢ ᠠᠭᠤᠯᠠ ᠶ᠋ᠢᠨ ᠪᠠᠷᠠᠭᠤᠨ ᠬᠣᠢᠨ᠎ᠠ ᠣᠴᠢᠵᠤ ᠠᠷᠪᠠ ᠭᠠᠷᠤᠢ ᠵᠢᠯ ᠨᠤᠲᠤᠭᠯᠠᠵᠠᠢ᠃1329ᠣᠨ ᠤ᠋ ᠴᠠᠭᠠᠨ ᠰᠠᠷ᠎ᠠ ᠳᠥᠭᠳᠡᠮᠦᠷ ᠬᠠᠭᠠᠨ ᠳᠠᠬᠢᠨᠲᠠ ᠡᠯᠴᠢ ᠲᠣᠮᠢᠯᠠᠨ ᠠᠬ᠎ᠠ ᠬᠦᠰᠡᠯᠡ ᠪᠡᠨ ᠵᠠᠯᠠᠪᠠ᠃ᠡᠯᠴᠢ ᠰᠠᠳᠢ ᠬᠠᠷᠠᠬᠣᠷᠣᠮ ᠤ᠋ᠨ ᠤᠮᠠᠷᠠᠲᠤ ᠡᠲᠡᠭᠡᠳ ᠲᠦ᠍ ᠬᠦᠰᠡᠯᠡ ᠵᠧᠦ ᠸᠠᠩ ᠲᠠᠢ ᠵᠣᠯᠭᠣᠵᠤ ᠳᠦᠭᠳᠡᠮᠦᠷ ᠬᠠᠭᠠᠨ ᠤ᠋ ᠬᠦᠰᠡᠯ ᠢ᠋ᠶ᠋ᠡᠷ ᠬᠠᠭᠠᠨ ᠣᠷᠣ ᠵᠠᠯᠭᠠᠮᠵᠢᠯᠠ ᠭᠡᠮᠡᠨ ᠱᠠᠭᠠᠷᠳᠠᠭᠰᠠᠨ ᠳ᠋ᠤ᠌ ᠬᠦᠰᠡᠯᠡ ᠶ᠋ᠢ ᠳᠠᠭᠠᠵᠤ ᠪᠠᠢᠭᠰᠠᠨ ᠴᠡᠷᠢᠭ ᠦ᠋ᠨ ᠵᠠᠩᠵᠤᠨ᠂ᠪᠢᠴᠢᠭ ᠦ᠋ᠨ ᠰᠠᠢᠳ ᠪᠦᠭᠦᠳᠡᠭᠡᠷ ᠪᠠᠶᠠᠷ ᠤ᠋ᠨ ᠶᠣᠰᠣᠭᠠᠷ ᠰᠥᠭᠥᠳᠦᠨ ᠮᠥᠷᠭᠥᠵᠦ ᠬᠦᠰᠡᠯᠡ ᠶ᠋ᠢ ᠬᠠᠭᠠᠨ ᠡᠷᠭᠦᠮᠵᠢᠯᠡᠪᠡ᠃3 ᠳ᠋ᠤᠭᠠᠷ ᠰᠠᠷ᠎ᠠ ᠳ᠋ᠤ᠌ ᠳᠦᠭᠳᠡᠮᠦᠷ᠂ᠪᠠᠷᠠᠭᠤᠨ ᠭᠠᠷ ᠤ᠋ᠨ ᠴᠢᠩᠰᠠᠩ ᠶᠠᠨᠳᠠᠮᠤᠷ ᠲᠤ᠌ ᠡᠷᠳᠡᠨᠢ ᠶ᠋ᠢᠨ ᠲᠠᠮᠠᠭ᠎ᠠ ᠶ᠋ᠢ ᠥᠭᠴᠦ ᠠᠬ᠎ᠠ ᠳ᠋ᠠᠭᠠᠨ ᠬᠦᠷᠭᠡᠭᠦᠯᠵᠡᠢ᠃ᠬᠦᠰᠡᠯᠡ ᠬᠠᠭᠠᠨ ᠡᠷᠳᠡᠨᠢ ᠶ᠋ᠢᠨ ᠲᠠᠮᠠᠭ᠎ᠠ ᠶ᠋ᠢ ᠬᠦᠯᠢᠶᠡᠵᠦ ᠠᠪᠤᠭᠰᠠᠨ ᠤ᠋ ᠳᠠᠷᠠᠭ᠎ᠠ ᠶᠠᠨᠳᠡᠮᠤᠷ ᠤ᠋ᠨ ᠲᠥᠷᠥ ᠳ᠋ᠦ᠍ ᠵᠢᠳᠬᠦᠭᠰᠡᠨ ᠠᠴᠢ ᠶ᠋ᠢ ᠳᠤᠷᠠᠳᠤᠨ ᠮᠥᠨ ᠬᠦ᠌ ᠵᠦᠩ ᠱᠤ᠌ ᠱᠧᠩ ᠶᠠᠮᠤᠨ ᠤ᠋ ᠪᠠᠷᠠᠭᠤᠨ ᠭᠠᠷ ᠤ᠋ᠨ ᠴᠢᠩᠰᠠᠩ ᠪᠣᠯᠭᠠᠵᠤ ᠴᠡᠷᠢᠭ ᠦ᠋ᠨ ᠶᠠᠪᠤᠳᠠᠯ ᠢ᠋ ᠬᠠᠮᠢᠶᠠᠷᠤᠭᠤᠯᠤᠨ ᠲᠠᠢᠰᠢ ᠡᠷᠭᠦᠮᠵᠢᠯᠡᠵᠦ ᠳᠠᠷᠬᠠᠨ ᠴᠣᠯᠠ ᠣᠯᠭᠣᠪᠠ᠃ᠮᠥᠨ ᠬᠠᠪᠤᠷᠲᠤ ᠶ᠋ᠢ ᠵᠦᠩ ᠱᠤ᠌ ᠱᠧᠩ ᠶᠠᠮᠤᠨ ᠤ᠋ ᠰᠠᠢᠳ᠂ ᠪᠠᠢᠳᠠᠮᠤᠷ ᠢ᠋ ᠴᠡᠷᠢᠭ ᠦ᠋ᠨ ᠶᠠᠮᠤᠨ ᠤ᠋ ᠰᠠᠢᠳ᠂ᠪᠤᠯᠤ ᠶ᠋ᠢ ᠰᠢᠭᠦᠬᠦ ᠶᠠᠮᠤᠨ ᠤ᠋ ᠰᠠᠢᠳ ᠢ᠋ᠶ᠋ᠠᠷ ᠲᠤᠰ ᠲᠤᠰ ᠲᠣᠮᠢᠯᠠᠵᠠᠢ᠃ ᠬᠦᠰᠡᠯᠡ ᠬᠠᠭᠠᠨ
ᠣᠯᠠᠨ ᠸᠠᠩ ᠡᠷᠭᠢᠨ ᠰᠠᠢᠳ᠂ᠰᠢᠳᠠᠷ ᠲᠦᠰᠢᠮᠡᠳ ᠲᠡᠢ ᠪᠡᠨ ᠬᠤᠷᠢᠮᠯᠠᠬᠤ ᠦᠶ᠎ᠡ᠄《ᠭᠤᠸ᠎ᠠ ᠥᠬᠢᠨ ᠰᠠᠢᠨ ᠮᠣᠷᠢ ᠶ᠋ᠢ ᠬᠥᠮᠦᠨ ᠪᠦᠬᠦᠨ ᠬᠦᠰᠡᠳᠡᠭ ᠪᠣᠯᠪᠠᠴᠤ ᠲᠡᠷᠡ ᠨᠢ ᠵᠣᠷᠢᠭ ᠢ᠋ ᠰᠤᠯᠠᠷᠠᠭᠤᠯᠵᠤ ᠨᠡᠷ᠎ᠡ ᠶ᠋ᠢ ᠭᠤᠲᠤᠭᠠᠬᠤ ᠠᠶᠤᠯᠲᠠᠢ ᠶᠤᠮ ᠭᠡᠵᠦ ᠴᠢᠩᠭᠢᠰ ᠬᠠᠭᠠᠨ ᠰᠤᠷᠭᠠᠵᠤ ᠪᠢᠯᠡ᠃ᠡᠷᠬᠡ ᠶ᠋ᠢ ᠠᠳᠬᠤᠭᠰᠠᠨ ᠲᠦᠰᠢᠮᠡᠳ ᠲᠠ ᠨᠠᠷ ᠡᠭᠦᠨ ᠢ᠋ ᠦᠷᠭᠦᠯᠵᠢ ᠰᠡᠳᠬᠢᠵᠦ ᠪᠠᠢᠪᠠᠯ ᠵᠣᠬᠢᠨ᠎ᠠ᠃ᠳᠡᠯᠡᠬᠡᠢ ᠳ᠋ᠠᠬᠢᠨ ᠤ᠋ ᠤᠯᠤᠰ ᠢᠷᠭᠡᠨ ᠢ᠋ ᠠᠳᠠᠯᠢᠳᠬᠠᠪᠠᠰᠤ ᠬᠥᠮᠦᠨ ᠦ᠌ ᠪᠡᠶ᠎ᠡ ᠮᠡᠲᠦ᠂ᠵᠦᠩ ᠱᠤ᠌ ᠱᠧᠩ ᠨᠢ ᠪᠠᠷᠠᠭᠤᠨ ᠭᠠᠷ ᠠᠳᠠᠯᠢ᠂ᠴᠡᠷᠢᠭ ᠦ᠋ᠨ ᠶᠠᠮᠤᠨ ᠨᠢ ᠵᠡᠭᠦᠨ ᠭᠠᠷ ᠮᠡᠲᠦ᠃ᠪᠠᠷᠠᠭᠤᠨ ᠵᠡᠭᠦᠨ ᠭᠠᠷ ᠡᠪᠡᠳᠴᠢᠨ ᠳ᠋ᠦ᠍ ᠨᠡᠷᠪᠡᠭᠳᠡᠪᠡᠯ ᠰᠠᠢᠨ ᠡᠮᠴᠢ ᠪᠡᠷ ᠡᠮᠨᠡᠭᠦᠯᠬᠦ ᠬᠡᠷᠡᠭᠲᠡᠢ ᠰᠢᠭ ᠢ᠋ᠶ᠋ᠡᠷ ᠵᠦᠩ ᠱᠤ᠌ ᠱᠧᠩ ᠴᠡᠷᠢᠭ ᠦ᠋ᠨ ᠶᠠᠮᠤᠨ ᠤ᠋ ᠶᠠᠪᠤᠳᠠᠯ ᠣᠰᠣᠯᠳᠠᠬᠤ ᠳ᠋ᠤ᠌ ᠬᠦᠷᠪᠡᠯ ᠰᠢᠭᠦᠬᠦ ᠶᠠᠮᠤᠨ ᠢ᠋ᠶ᠋ᠠᠷ ᠵᠠᠰᠠᠭᠤᠯᠬᠤ ᠬᠡᠷᠡᠭᠲᠡᠢ ᠶᠦ᠍ᠮ᠃ᠠᠯᠢᠪᠠ ᠸᠠᠩ ᠬᠢᠭᠡᠳ ᠬᠠᠮᠤᠭ ᠲᠦᠰᠢᠮᠡᠳ ᠵᠠᠰᠠᠭ ᠲᠥᠷᠥ ᠡᠴᠡ ᠳᠠᠪᠠᠪᠠᠯ ᠲᠡᠭᠦᠨ ᠢ᠋ ᠵᠠᠪᠠᠯ ᠬᠦᠨᠳᠦ ᠪᠡᠷ ᠰᠢᠢᠳᠬᠡᠬᠦ ᠬᠡᠷᠡᠭᠲᠡᠢ᠃ᠴᠢᠩᠭᠢᠪᠡᠯ ᠰᠠᠶᠢ ᠬᠣᠪᠳᠣᠭ ᠰᠢᠨᠤᠬᠠᠢ ᠮᠠᠭᠤ ᠡᠲᠡᠭᠡᠳ ᠵᠢᠷᠦᠬᠡᠰᠢᠶᠡᠬᠦ ᠶᠤᠮ᠃ᠰᠦᠬᠡ ᠬᠦᠨᠳᠦ ᠪᠣᠯ ᠮᠣᠳᠣ ᠴᠠᠪᠴᠢᠬᠤ ᠨᠢ ᠶᠡᠬᠡ ᠯᠦ᠍ᠭᠡ ᠠᠳᠠᠯᠢ ᠪᠢᠯᠡ᠃ᠨᠠᠳᠠ ᠳ᠋ᠤ᠌ ᠣᠰᠣᠯ ᠪᠤᠷᠤᠭᠤ ᠪᠠᠢᠪᠠᠯ ᠲᠦᠰᠢᠮᠡᠳ ᠲᠠ ᠨᠠᠷ ᠮᠥᠨ ᠲᠠᠲᠠᠭᠠᠯᠵᠠᠯ ᠦᠭᠡᠢ ᠰᠠᠨᠠᠭᠤᠯᠬᠤ ᠬᠡᠷᠡᠭᠲᠡᠢ᠂ᠪᠢ ᠶᠡᠷᠦ ᠲᠠ ᠨᠠᠷ ᠢ᠋ ᠪᠤᠷᠤᠭᠤᠰᠢᠶᠠᠬᠤ ᠦᠭᠡᠢ ᠶᠦ᠍ᠮ》 ᠭᠡᠮᠡᠨ ᠵᠠᠷᠯᠢᠭ ᠪᠣᠯᠪᠠᠢ᠃
   ᠳᠡᠭᠡᠳᠦᠰ ᠦ᠋ᠨ ᠰᠦᠮ᠎ᠡ ᠶ᠋ᠢ ᠳᠠᠬᠢᠭᠤᠯᠬᠤ ᠪᠠᠷ ᠪᠠᠷᠠᠭᠤᠨ ᠭᠠᠷ ᠤ᠋ᠨ ᠴᠢᠩᠰᠠᠩ ᠲᠡᠮᠤᠷᠪᠤᠬ᠎ᠠ ᠶ᠋ᠢ ᠲᠣᠮᠢᠯᠠᠵᠤ ᠪᠠᠰᠠ ᠡᠤ ᠨᠢᠩ ᠸᠠᠩ ᠴᠡᠴᠡᠭᠲᠦ ᠪᠠ ᠬᠠᠪᠤᠷᠲᠤ ᠶ᠋ᠢ ᠢᠯᠡᠬᠡᠨ ᠲᠦᠭᠳᠡᠮᠤᠷ ᠢ᠋ ᠬᠣᠩ ᠲᠠᠢᠵᠢ ᠡᠷᠭᠦᠮᠵᠢᠯᠡᠭᠰᠡᠨ ᠢ᠋ ᠮᠡᠳᠡᠭᠳᠡᠪᠡ᠃8 ᠳ᠋ᠤᠭᠠᠷ ᠰᠠᠷ᠎ᠠ ᠳ᠋ᠤ᠌ ᠬᠣᠩ ᠲᠠᠢᠵᠢ ᠲᠦᠭᠳᠡᠮᠤᠷ ᠣᠩᠭᠣᠴᠠᠲᠤ ᠬᠡᠮᠡᠬᠦ ᠭᠠᠵᠠᠷ ᠬᠦᠷᠴᠦ ᠠᠬ᠎ᠠ ᠬᠦᠰᠡᠯᠡ ᠬᠠᠭᠠᠨ ᠲᠠᠢ ᠪᠠᠨ ᠵᠣᠯᠭᠠᠵᠤ ᠳᠥᠷᠪᠡᠨ ᠡᠳᠦᠷ ᠶᠡᠬᠡᠳᠡ ᠨᠠᠢᠷᠯᠠᠨ ᠴᠡᠩᠭᠡᠯᠳᠦᠭᠰᠡᠨ ᠪᠠ ᠬᠦᠰᠡᠯᠡ ᠬᠠᠭᠠᠨ ᠭᠡᠨᠡᠳᠲᠡ ᠨᠠᠰᠤᠨ ᠨᠥᠭᠴᠢᠵᠦᠬᠦᠢ᠃ᠬᠦᠰᠡᠯᠡ ᠶ᠋ᠢᠨ ᠬᠥᠪᠡᠭᠦᠨ ᠲᠣᠭᠣᠨᠳᠡᠮᠤᠷ᠄《ᠮᠢᠨᠦ ᠠᠪᠠᠭ᠎ᠠ ᠲᠦᠭᠳᠡᠮᠤᠷ᠂ᠲᠩᠷᠢ ᠶ᠋ᠢᠨ ᠢᠪᠡᠭᠡᠯ ᠬᠥᠮᠦᠨ ᠦ᠌ ᠶᠣᠰᠣᠨ ᠳ᠋ᠤᠷ ᠨᠡᠢᠴᠡᠭᠦᠯᠬᠦ ᠭᠡᠮᠡᠨ ᠶᠡᠬᠡ ᠰᠠᠭᠤᠷᠢᠨ ᠢ᠋ ᠨᠠᠢᠷ ᠲᠠᠯᠪᠢᠨ᠎ᠠ ᠭᠡᠵᠦ ᠬᠠᠭᠤᠷᠮᠠᠭ ᠢ᠋ᠶ᠋ᠠᠷ ᠠᠯᠳᠠᠷᠰᠢᠭᠤᠯᠤᠭᠠᠳ ᠡᠷᠳᠡᠨᠢ ᠶ᠋ᠢᠨ ᠲᠠᠮᠠᠭ᠎ᠠ ᠶ᠋ᠢ ᠶᠠᠨᠳᠡᠮᠤᠷ ᠢ᠋ᠶ᠋ᠠᠷ ᠮᠢᠨᠦ ᠡᠴᠢᠭᠡ ᠳ᠋ᠦ᠍ᠷ ᠬᠦᠷᠭᠡᠭᠦᠯᠪᠡ᠃ᠡᠴᠢᠭᠡ ᠮᠢᠨᠢ ᠦᠨᠡᠮᠰᠢᠵᠦ ᠬᠣᠩ ᠲᠠᠢᠵᠢ ᠶ᠋ᠢᠨ ᠲᠠᠮᠠᠭ᠎ᠠ ᠶ᠋ᠢ ᠲᠦᠭᠳᠡᠮᠤᠷ ᠲᠤᠷ ᠦᠭᠭᠦᠭᠰᠡᠨ ᠪᠢᠯᠡ᠃ᠭᠡᠲᠡᠯ᠎ᠡ ᠲᠦᠭᠳᠡᠮᠤᠷ ᠮᠠᠭᠤ ᠰᠠᠨᠠᠭ᠎ᠠ ᠪᠠᠨ ᠣᠷᠬᠢᠭᠰᠠᠨ ᠦᠭᠡᠢ᠂ᠥᠪᠡᠷ ᠦ᠋ᠨ ᠡᠴᠢᠭᠡ ᠶ᠋ᠢ ᠮᠢᠨᠢ ᠤᠭᠲᠤᠵᠤ ᠢᠷᠡᠭᠡᠳ ᠣᠯᠠᠨ ᠲᠦᠰᠢᠮᠡᠳ ᠯᠦ᠍ᠭᠡ ᠪᠡᠨ ᠮᠢᠨᠦ ᠡᠴᠢᠭᠡ ᠶ᠋ᠢ ᠬᠣᠣᠷᠯᠠᠭᠰᠠᠨ ᠪᠤᠶᠤ》ᠭᠡᠮᠡᠨ ᠥᠭᠦᠯᠡᠭᠰᠡᠨ ᠪᠠᠢᠪᠠ᠃ᠬᠣᠵᠢᠮ ᠨᠢ ᠬᠦᠰᠡᠯᠡ ᠶ᠋ᠢ《ᠬᠤᠲᠤᠭᠲᠤ ᠬᠠᠭᠠᠨ》ᠭᠡᠮᠡᠨ ᠨᠡᠬᠡᠮᠵᠢᠯᠡᠨ ᠡᠷᠭᠦᠮᠵᠢᠯᠡᠭᠰᠡᠨ ᠪᠢᠯᠡ᠃

ᠱᠠᠩᠳᠤ ᠳᠠᠢᠳᠤ  ᠶ᠋ᠢᠨ ᠲᠡᠢᠨ

   ᡁᠢ ᠾᠧ ᠶ᠋ᠢᠨ ᠲᠡᠷᠢᠭᠦᠨ ᠣᠨ ᠤ᠋ ᠨᠠᠢ᠍ᠮᠠᠳᠤᠭᠠᠷ ᠰᠠᠷ᠎ᠠ ᠳ᠋ᠤ᠌ ᠳᠠᠢᠳᠤ ᠪᠡᠭᠡᠵᠢᠩ ᠢ᠋ ᠰᠠᠬᠢᠵᠤ ᠰᠠᠭᠤᠭᠰᠠᠨ ᠶᠠᠨᠳᠡᠮᠥᠷ᠂ ᠥᠪᠡᠷ ᠦ᠋ᠨ ᠵᠠᠬᠢᠷᠤᠯ ᠳᠣᠣᠷᠠᠬᠢ ᠬᠡᠰᠢᠭᠲᠡᠨ ᠴᠡᠷᠢᠭ ᠢ᠋ᠶ᠋ᠡᠨ ᠳᠠᠢᠴᠢᠯᠠᠨ ᠴᠡᠷᠢᠭ ᠦ᠋ᠨ ᠬᠤᠪᠢᠰᠤᠯ ᠭᠠᠷᠭᠠᠵᠤ᠂ᠳᠠᠢᠳᠤ ᠪᠡᠭᠡᠵᠢᠩ ᠢ᠋ ᠡᠵᠡᠯᠡᠨ ᠠᠪᠴᠤ ᠡᠯᠴᠢ ᠳᠣᠪᠲᠣᠯᠭᠠᠨ ᠬᠠᠢᠰᠠᠩ ᠬᠦᠯᠦᠭ ᠬᠠᠭᠠᠨ ᠤ᠋ ᠬᠣᠶᠠᠳᠤᠭᠠᠷ ᠬᠥᠪᠡᠭᠦᠨ ᠲᠥᠭᠲᠡᠮᠥᠷ ᠢ᠋
ᠪᠡᠭᠡᠵᠢᠩ ᠳ᠋ᠦ᠍ ᠤᠷᠢᠵᠤ ᠠᠪᠴᠢᠷᠠᠪᠠ᠃ᠱᠠᠩᠳᠤ ᠬᠣᠲᠠ ᠶ᠋ᠢᠨ ᠯᠢᠶᠠᠩ ᠸᠠᠩ ᠸᠠᠩᠴᠢᠨ᠂ᠴᠢᠩᠰᠠᠩ ᠳᠤᠷᠠᠱᠠ ᠬᠣᠶᠠᠭᠤᠯᠠ ᠮᠥᠨ ᠰᠠᠷ᠎ᠠ ᠳ᠋ᠤ᠌ ᠳᠠᠢᠲᠢᠩ ᠬᠠᠭᠠᠨ ᠤ᠋ ᠨᠠᠰᠤ ᠪᠠᠯᠴᠢᠷ ᠲᠠᠢᠽᠢ ᠠᠷᠠᠬᠢᠤ᠎ᠠ ᠶ᠋ᠢ ᠲᠡᠳᠬᠦᠵᠦ ᠱᠠᠩᠳᠤ ᠬᠣᠲᠠᠨ᠎ᠠ ᠬᠠᠭᠠᠨ ᠰᠠᠭᠤᠷᠢᠨ ᠳ᠋ᠤ᠌ ᠰᠠᠭᠤᠯᠭᠠᠪᠠ᠃ᠣᠨ ᠤ᠋ ᠴᠣᠯᠠ ᠶ᠋ᠢ ᠲᠢᠶᠠᠨ ᠱᠦᠨ ᠬᠡᠮᠡᠪᠡ ᠃ᠱᠠᠩᠳᠤ ᠬᠣᠲᠠ ᠶ᠋ᠢᠨ ᠬᠢᠨ ᠬᠡᠳᠦᠨ ᠵᠠᠮ ᠢ᠋ᠶ᠋ᠠᠷᠴᠡᠷᠢᠭ ᠳᠠᠪᠰᠢᠵᠤ ᠳᠠᠢᠳᠤ ᠪᠡᠭᠡᠵᠢᠩ ᠢ᠋ ᠳᠣᠪᠲᠣᠯᠵᠠᠢ᠃ᠶᠢᠰᠦᠳᠦᠭᠡᠷ ᠰᠠᠷ᠎ᠠ ᠳ᠋ᠤ᠌ ᠲᠥᠭᠲᠡᠮᠥᠷ ᠳᠠᠢᠳᠤ ᠪᠡᠭᠡᠵᠢᠩ ᠳ᠋ᠦ᠍ ᠬᠠᠭᠠᠨ ᠰᠠᠭᠤᠷᠢᠨ ᠳ᠋ᠤ᠌ ᠰᠠᠭᠤᠵᠤ ᠣᠨ ᠤ᠋ ᠴᠣᠯᠠ ᠪᠠᠨ ᠲᠢᠶᠠᠨ ᠯᠢ ᠭᠡᠮᠡᠨ ᠬᠠᠯᠠᠵᠤ ᠠᠬ᠎ᠠ ᠬᠦᠰᠡᠯᠡ ᠬᠡᠵᠢᠶ᠎ᠡ ᠭᠣᠪᠢ ᠶ᠋ᠢᠨ ᠠᠷᠤ ᠬᠢᠵᠠᠭᠠᠷ ᠠ᠋ᠴᠠ ᠪᠤᠴᠠᠵᠤ ᠢᠷᠡᠪᠡᠯ ᠬᠠᠭᠠᠨ ᠰᠠᠭᠤᠷᠢᠨ ᠢ᠋ᠶ᠋ᠠᠨ ᠶᠡᠭᠦᠯᠡᠵᠦ ᠥᠭᠭᠦᠨ᠎ᠡ ᠭᠡᠵᠦ ᠵᠠᠷᠯᠠᠪᠠ᠃ᠯᠢᠶᠤᠤᠳᠦᠩ᠂ᠭᠤᠸᠠᠩᠱᠠᠨ᠂ᠴᠤᠸᠠᠨᠰᠦ ᠵᠡᠷᠭᠡ ᠭᠠᠵᠠᠷ ᠤ᠋ᠨ ᠬᠢᠨ ᠴᠡᠷᠢᠭ ᠲᠣᠮᠢᠯᠠᠨ ᠱᠠᠩᠳᠤ ᠬᠣᠲᠠ ᠶ᠋ᠢᠨ ᠬᠢᠨ ᠢ᠋ ᠳᠠᠮᠵᠢᠨ ᠥᠮᠥᠭᠯᠡᠷ᠎ᠡ ᠢᠷᠡᠪᠡ᠃ᠱᠠᠩᠳᠤ ᠳᠠᠢᠳᠤ ᠬᠣᠶᠠᠷ ᠨᠡᠢᠰᠯᠡᠯ ᠦ᠋ᠨ ᠲᠡᠮᠡᠴᠡᠯ ᠥᠷᠭᠡᠵᠢᠨ ᠬᠥᠭᠵᠢᠭᠰᠡᠭᠡᠷ ᠶᠡᠬᠡ ᠬᠡᠮᠵᠢᠶᠡᠨ ᠦ᠌ ᠳᠣᠲᠣᠭᠠᠳᠤ ᠶ᠋ᠢᠨ ᠲᠡᠢᠨ ᠪᠣᠯᠪᠠ᠃ᠳᠠᠢᠳᠤ ᠶ᠋ᠢᠨ ᠵᠠᠰᠠᠭ ᠲᠥᠷᠥ ᠨᠢ ᠡᠮᠦᠨᠡᠲᠦ ᠣᠷᠣᠨ ᠢ᠋ ᠡᠷᠬᠡᠰᠢᠶᠡᠯ ᠳ᠋ᠡᠭᠡᠨ ᠣᠷᠣᠭᠤᠯᠬᠤ ᠠᠵᠤ ᠠᠬᠤᠢ ᠶ᠋ᠢᠨ ᠬᠦᠴᠦᠨ ᠦ᠌ ᠳᠠᠪᠠᠭᠤ ᠪᠠᠢᠷᠢ ᠶ᠋ᠢ ᠡᠵᠡᠯᠡᠵᠡᠢ᠃ᠠᠷᠪᠠᠳᠤᠭᠠᠷ ᠰᠠᠷ᠎ᠠ ᠳ᠋ᠤ᠌ ᠳᠠᠢᠳᠤ ᠬᠣᠲᠠ ᠶ᠋ᠢᠨ ᠬᠠᠷᠢᠶ᠎ᠠ ᠴᠡᠷᠢᠭ ᠨᠢ ᠱᠠᠩᠳᠤ ᠶ᠋ᠢᠨ ᠪᠡᠯᠡᠳᠬᠡᠯ ᠦᠭᠡᠢ ᠶ᠋ᠢ ᠵᠠᠪᠰᠢᠨ ᠯᠢᠶᠣᠤᠳ᠋ᠦ᠋ᠩ ᠭᠠᠵᠠᠷ ᠠ᠋ᠴᠠ ᠴᠡᠷᠢᠭ ᠭᠠᠷᠭᠠᠵᠤ ᠪᠦᠰᠡᠯᠡᠨ ᠳᠠᠭᠠᠷᠢᠭᠠᠳ ᠱᠠᠩᠳᠤ ᠶ᠋ᠢ ᠡᠵᠡᠯᠡᠨ ᠠᠪᠴᠤ ᠳᠤᠷᠠᠱᠠ ᠶ᠋ᠢ ᠠᠯᠠᠵᠤ᠂ᠸᠠᠩᠴᠢᠨ ᠪᠡᠶ᠎ᠡ ᠪᠡᠨ ᠬᠣᠣᠷᠯᠠᠵᠤ ᠠᠷᠠᠬᠢᠤ᠎ᠠ ᠬᠠᠭᠠᠨ ᠤᠷᠭᠤᠨ ᠰᠤᠷᠠᠭ ᠦᠭᠡᠢ ᠠᠯᠠᠭ᠎ᠠ ᠪᠣᠯᠪᠠ᠃ᠲᠥᠭᠲᠡᠮᠥᠷ ᠡᠯᠴᠢ ᠵᠠᠷᠤᠵᠤ ᠭᠣᠪᠢ ᠶ᠋ᠢᠨ ᠠᠷᠤ ᠠ᠋ᠴᠠ ᠠᠬ᠎ᠠ ᠬᠦᠰᠡᠯᠡ ᠪᠡᠨ ᠵᠠᠯᠠᠪᠠ᠃ᠲᠢᠶᠠᠨ ᠯᠢ ᠶ᠋ᠢᠨ ᠬᠣᠶᠠᠳᠤᠭᠠᠷ ᠣᠨ ᠤ᠋ ᠲᠡᠷᠢᠭᠦᠨ ᠰᠠᠷ᠎ᠠ ᠳ᠋ᠤ᠌ ᠭᠦᠰᠡᠯᠡ ᠬᠠᠷᠠᠬᠣᠷᠣᠮ ᠤ᠋ᠨ ᠣᠷᠴᠢᠮ ᠬᠠᠭᠠᠨ ᠰᠢᠷᠡᠭᠡᠨ᠎ᠡ ᠰᠠᠭᠤᠵᠠᠢ᠃ᠲᠡᠦᠬᠡ ᠰᠤᠳᠤᠷ ᠲᠤ᠌ ᠮᠣᠩᠭᠣᠯ ᠢ᠋ᠶ᠋ᠠᠷ ᠬᠤᠲᠤᠭᠲᠤ ᠬᠠᠭᠠᠨ᠂ᠬᠢᠲᠠᠳ ᠢ᠋ᠶ᠋ᠠᠷ ᠮᠢᠩᠽᠦᠩ ᠬᠠᠭᠠᠨ ᠭᠡᠳᠡᠭ᠃

ᠷᠢᠨᠴᠢᠨᠪᠠᠯ ᠬᠠᠭᠠᠨ

   ᠬᠢᠶᠠᠳ ᠶᠠᠰᠤᠲᠤ ᠪᠣᠷᠵᠢᠭᠢᠳ ᠣᠪᠣᠭᠲᠤ ᠷᠢᠨᠴᠢᠨᠪᠠᠯ ᠪᠣᠯ ᠬᠤᠲᠤᠭᠲᠤ ᠬᠠᠭᠠᠨ ᠭᠦᠰᠯᠡᠨ ᠦ᠌ ᠬᠣᠶᠠᠳᠤᠭᠠᠷ ᠬᠥᠪᠡᠭᠦᠨ ᠶᠦ᠍ᠮ᠃ᡁᠢ ᠱᠦᠨ ᠦ᠌ ᠭᠤᠷᠪᠠᠳᠤᠭᠠᠷ ᠣᠨ ᠤ᠋ ᠠᠷᠪᠠᠳᠤᠭᠠᠷ ᠰᠠᠷ᠎ᠠ ᠶ᠋ᠢᠨ ᠴᠠᠭᠠᠨ ᠬᠤᠯᠤᠭᠠᠨ᠎ᠠ ᠡᠳᠦᠷ᠂ᠶᠡᠬᠡ ᠵᠠᠩᠵᠤᠨ ᠶᠠᠨᠳᠠᠮᠦᠷ᠂7ᠨᠠᠰᠤᠲᠠᠢ ᠷᠢᠨᠴᠢᠨᠪᠠᠯ ᠢ᠋ ᠡᠷᠭᠦᠵᠦ ᠬᠠᠭᠠᠨ ᠰᠢᠷᠡᠭᠡᠨ ᠳ᠋ᠦ᠍ ᠰᠠᠭᠤᠯᠭᠠᠵᠠᠢ᠃ᠷᠢᠨᠴᠢᠨᠪᠠᠯ ᠰᠠᠷ᠎ᠠ ᠢᠯᠡᠭᠦᠦ ᠬᠠᠭᠠᠨ ᠣᠷᠣ ᠰᠠᠭᠤᠭᠠᠳ ᠠᠷᠪᠠᠨ ᠨᠢᠭᠡᠳᠦᠭᠡᠷ ᠰᠠᠷ᠎ᠠ ᠶ᠋ᠢᠨ ᠬᠠᠷ᠎ᠠ ᠯᠤᠤ ᠡᠳᠦᠷ ᠨᠠᠰᠤ ᠨᠥᠭᠴᠢᠵᠦ ᠲᠩᠷᠢ ᠳ᠋ᠦ᠍ᠷ ᠬᠠᠯᠢᠪᠠ᠃ ᠲᠡᠦᠬᠡ ᠰᠤᠳᠤᠷ ᠲᠤ᠌ ᠨᠢᠩᠽᠦᠩ ᠬᠠᠭᠠᠨ ᠭᠡᠳᠡᠭ᠃

ᠳᠣᠭᠣᠨᠲᠡᠮᠥᠷ ᠱᠠᠩᠳᠤ ᠬᠣᠲᠠᠨ᠎ᠠ ᠬᠠᠭᠠᠨ ᠣᠷᠣ ᠰᠠᠭᠤᠪᠠ

   ᠬᠢᠶᠠᠳ ᠶᠠᠰᠤᠲᠤ ᠪᠣᠷᠵᠢᠭᠢᠳ ᠣᠪᠣᠭᠲᠤ ᠲᠣᠭᠣᠨᠲᠡᠮᠥᠷ ᠪᠣᠯ ᠬᠦᠰᠯᠡᠨ ᠬᠠᠭᠠᠨ ᠤ᠋ ᠠᠬᠠᠮᠠᠳ ᠬᠥᠪᠡᠭᠦᠨ ᠶᠦ᠍ᠮ᠃1320ᠣᠨ ᠤ᠋4 ᠳ᠋ᠦ᠍ᠭᠡᠷ ᠰᠠᠷ᠎ᠠ ᠳ᠋ᠤ᠌ ᠬᠠᠷᠯᠤᠭ ᠠᠢᠮᠠᠭ ᠤ᠋ᠨ ᠮᠠᠢᠯᠠᠢᠳᠠᠢ ᠬᠠᠲᠤᠨ ᠠ᠋ᠴᠠ ᠲᠥᠷᠥᠵᠡᠢ᠃1330 ᠣᠨ ᠤ᠋ 4 ᠳ᠋ᠦ᠍ᠭᠡᠷ ᠰᠠᠷ᠎ᠠ ᠳ᠋ᠤ᠌ ᠰᠣᠯᠣᠩᠭᠣᠰ ᠤ᠋ᠨ ᠳᠠ ᠴᠢᠩ ᠳ᠋ᠣᠣ ᠠᠷᠠᠯ ᠳ᠋ᠤ᠌ ᠨᠢᠭᠤᠭᠳᠠᠨ ᠰᠠᠭᠤᠵᠤ ᠪᠠᠢᠭᠠᠳ ᠳᠠᠷᠠᠭ᠎ᠠ ᠵᠢᠯ ᠨᠢ ᠭᠤᠸᠠᠩᠰᠢ ᠮᠣᠵᠢ ᠶ᠋ᠢᠨ ᠵᠢᠩ ᠵᠢᠶᠠᠩ ᠳ᠋ᠤ᠌ ᠨᠡᠭᠦᠯᠭᠡᠨ ᠰᠠᠭᠤᠯᠭᠠᠭᠰᠠᠨ ᠪᠢᠯᠡ᠃
   1333ᠣᠨ ᠤ᠋ 6 ᠳ᠋ᠤᠭᠠᠷ ᠰᠠᠷ᠎ᠠ ᠳ᠋ᠤ᠌ ᠪᠣᠳᠠᠰᠢᠷᠢ ᠲᠠᠢᠬᠡᠦ ᠣᠯᠠᠨ ᠲᠦᠰᠢᠮᠡᠳ ᠯᠦ᠍ᠭᠡ ᠵᠥᠪᠯᠡᠵᠦ ᠲᠣᠭᠣᠨᠳᠡᠮᠥᠷ ᠢ᠋ ᠱᠠᠩᠳᠤ ᠬᠣᠲᠠᠨ᠎ᠠ ᠬᠠᠭᠠᠨ ᠰᠠᠭᠤᠷᠢᠨ ᠳ᠋ᠤ᠌ ᠲᠡᠳᠬᠦᠨ ᠰᠠᠭᠤᠯᠭᠠᠪᠠ᠃
   1368 ᠣᠨ ᠤ᠋ 8 ᠳ᠋ᠤᠭᠠᠷ ᠰᠠᠷ᠎ᠠ ᠳ᠋ᠤ᠌ ᠲᠣᠭᠣᠨᠳᠡᠮᠥᠷ ᠬᠠᠭᠠᠨ᠂ᠬᠤᠸᠠᠢ ᠸᠠᠩ ᠳᠡᠮᠥᠷᠪᠤᠬ᠎ᠠ᠂ᠵᠡᠭᠦᠨ ᠭᠠᠷ ᠤ᠋ᠨ ᠴᠢᠩᠰᠠᠩ ᠴᠢᠩ ᠲᠦᠩ ᠳ᠋ᠦ᠍ ᠳᠠᠢᠳᠤ ᠪᠡᠭᠡᠵᠢᠩ ᠢ᠋ ᠰᠠᠬᠢᠬᠤ ᠵᠠᠷᠯᠢᠭ ᠥᠭᠴᠦ ᠥᠪᠡᠷ ᠢ᠋ᠶ᠋ᠡᠨ ᠭᠤᠷᠪᠠᠨ ᠣᠷᠳᠣᠨ ᠤ᠋ ᠬᠤᠸᠠᠩᠬᠡᠦ ᠪᠠ ᠬᠣᠩ ᠲᠠᠢᠵᠢ ᠶ᠋ᠢᠨ ᠣᠯᠠᠨ ᠢ᠋ ᠠᠪᠴᠤ ᠵᠢᠶᠠᠨ ᠳ᠋ᠸ ᠮᠸᠨ ᠬᠠᠭᠠᠯᠭ᠎ᠠ ᠪᠠᠷ ᠭᠠᠷᠴᠤ ᠤᠮᠠᠷᠠᠰᠢ ᠠᠶᠠᠯᠠᠨ ᠱᠠᠩᠳᠤ ᠪᠠᠯᠭᠠᠳ ᠲᠤ᠌ ᠬᠦᠷᠴᠦ ᠢᠷᠡᠪᠡ᠃ᠵᠣ᠌ ᠶᠤᠸᠠᠨ ᠵᠠᠩ ᠴᠡᠷᠢᠭ ᠭᠠᠷᠭᠠᠨ ᠦᠷᠭᠦᠯᠵᠢᠯᠡᠨ ᠨᠡᠬᠡᠭᠦᠯᠦᠭᠰᠡᠨ ᠲᠤᠯᠠ ᠲᠣᠭᠣᠨᠳᠡᠮᠥᠷ ᠬᠠᠭᠠᠨ ᠱᠠᠩᠳᠤ ᠬᠣᠲᠠ ᠶ᠋ᠢ ᠣᠷᠬᠢᠵᠤ ᠳᠠᠯᠠᠢ ᠨᠠᠭᠤᠷ ᠤ᠋ᠨ ᠬᠥᠪᠡᠭᠦᠨ ᠳ᠋ᠡᠬᠢ ᠪᠠᠷᠰ ᠬᠣᠲᠠ ᠢᠩ ᠴᠠᠩ ᠹᠦ ᠣᠷᠳᠣᠨ ᠳ᠋ᠤ᠌ ᠨᠠᠢᠰᠯᠠᠯᠪᠠ᠃1370ᠣᠨ ᠤ᠋ 5 ᠳ᠋ᠤᠭᠠᠷ ᠰᠠᠷ᠎ᠠ ᠳ᠋ᠤ᠌ ᠲᠣᠭᠣᠨᠳᠡᠮᠥᠷ ᠬᠠᠭᠠᠨ ᠡᠪᠡᠳᠴᠢᠨ ᠢ᠋ᠶ᠋ᠡᠷ ᠨᠠᠰᠤ ᠡᠴᠦᠰᠯᠡᠪᠡ᠃ᠲᠡᠦᠬᠡ ᠰᠤᠳᠤᠷ ᠲᠤ᠌ ᠮᠣᠩᠭᠣᠯ ᠢ᠋ᠶ᠋ᠠᠷ ᠤᠬᠠᠭᠠᠨᠲᠤ ᠬᠠᠭᠠᠨ᠂ᠬᠢᠲᠠᠳ ᠢ᠋ᠶ᠋ᠠᠷ ᠱᠦᠨᠳᠠᠢ ᠬᠠᠭᠠᠨ ᠭᠡᠳᠡᠭ ᠪᠢᠯᠡ᠃

ᠱᠠᠩᠳᠤ ᠶ᠋ᠢᠨ ᠮᠥᠬᠥᠯ

    ᠱᠠᠩᠳᠤ ᠬᠣᠲᠠ ᠪᠣᠯ ᠶᠤᠸᠠᠨ ᠤᠯᠤᠰ ᠤ᠋ᠨ ᠮᠠᠨᠳᠤᠯ ᠮᠥᠬᠥᠯ ᠦ᠋ᠨ ᠡᠬᠢᠯᠡᠯ ᠲᠡᠭᠦᠰᠬᠡᠯ ᠢ᠋ ᠦᠵᠡᠭᠰᠡᠨ ᠨᠡᠢᠰᠯᠡᠯ ᠶᠤᠮ᠃1256ᠣᠨ ᠳ᠋ᠤ᠌ ᠬᠤᠪᠢᠯᠠᠢ ᠡᠬᠢᠯᠡᠨ ᠪᠠᠢᠭᠤᠯᠵᠤ᠂1260ᠣᠨ ᠳ᠋ᠤ᠌ ᠬᠠᠭᠠᠨ ᠣᠷᠣ ᠰᠠᠭᠤᠭᠰᠠᠨ ᠠ᠋ᠴᠠ ᠠᠪᠤᠭᠠᠳ ᠲᠣᠭᠤᠨᠲᠡᠮᠦᠷ ᠬᠠᠭᠠᠨ1368 ᠣᠨ ᠳ᠋ᠤ᠌ ᠶᠡᠬᠡ ᠨᠡᠢᠰᠯᠡᠯ ᠪᠡᠭᠡᠵᠢᠩ ᠢ᠋ᠶ᠋ᠡᠨ ᠠᠯᠳᠠᠵᠤ ᠱᠠᠩᠳᠤ ᠳ᠋ᠤ᠌ ᠪᠤᠴᠠᠨ ᠢᠷᠡᠭᠰᠡᠨ   ᠬᠦᠷᠲᠡᠯᠡᠬᠢ108ᠵᠢᠯ ᠤᠨ ᠬᠤᠭᠤᠴᠠᠭᠠᠨ ᠳᠦ ᠬᠤᠪᠢᠯᠠᠢ᠂ᠲᠡᠮᠦᠷ᠂ᠬᠠᠢᠰᠠᠩ᠂ᠠᠶᠤᠷᠪᠠᠷᠪᠠᠳᠠ᠂ᠱᠤᠳᠪᠠᠯᠠ᠂ᠶᠢᠰᠤᠨᠲᠡᠮᠤᠷ᠂ᠠᠷᠠᠬᠢᠤ᠎ᠡ᠂ᠲᠦᠭᠲᠡᠮᠤᠷ᠂ᠬᠦᠰᠡᠯᠡ᠂ᠷᠢᠨᠴᠢᠨᠪᠠᠯ᠂ᠲᠣᠭᠤᠨᠲᠡᠮᠤᠷ ᠵᠡᠷᠭᠡ ᠠᠷᠪᠠᠨ ᠨᠢᠭᠡᠨ ᠬᠠᠭᠠᠨ ᠰᠠᠭᠤᠷᠢᠨ ᠳ᠋ᠤ᠌ ᠰᠠᠭᠤᠪᠠ᠃ᠡᠭᠦᠨ ᠳ᠋ᠦ᠍ ᠬᠤᠪᠢᠯᠠᠢ᠂ᠲᠡᠮᠦᠷ᠂ᠬᠠᠢᠰᠠᠩ᠂ᠠᠷᠠᠬᠢᠤ᠎ᠡ᠂ᠲᠦᠭᠲᠡᠮᠤᠷ᠂ᠲᠣᠭᠤᠨᠲᠡᠮᠦᠷ ᠵᠡᠷᠭᠡ ᠵᠢᠷᠭᠤᠭᠠᠨ ᠬᠥᠮᠦᠨ ᠱᠠᠩᠳᠤ ᠨᠡᠢᠰᠯᠡᠯ ᠳ᠋ᠦ᠍ ᠬᠠᠭᠠ ᠰᠠᠭᠤᠷᠢᠨ ᠵᠠᠯᠭᠠᠮᠵᠢᠯᠠᠭᠰᠠᠨ ᠪᠥᠭᠡᠳ ᠱᠣᠤᠨᠪᠠᠯᠠ᠂ᠶᠢᠰᠤᠨᠲᠡᠮᠤᠷ ᠬᠣᠶᠠᠷ ᠬᠠᠭᠠᠨ ᠱᠠᠩᠳᠤ ᠳ᠋ᠤ᠌ ᠬᠠᠯᠢᠵᠤ ᠠᠷᠠᠬᠢᠤ᠎ᠡ ᠴᠢᠮᠡᠭᠡ ᠰᠤᠷᠠᠭ ᠦᠭᠡᠢ ᠠᠯᠠᠭ᠎ᠠ ᠪᠣᠯᠤᠭᠰᠠᠨ ᠶᠤᠮ᠃ᡁᠢ ᠵᠧᠩ ᠦ᠋ᠨ ᠠᠷᠪᠠᠨ ᠨᠠᠢ᠍ᠮᠠᠳᠤᠭᠠᠷ ᠣᠨ (1358ᠣᠨ) ᠤ᠋ ᠠᠷᠪᠠᠨ ᠬᠣᠶᠠᠳᠤᠭᠠᠷ ᠰᠠᠷ᠎ᠠ ᠶ᠋ᠢᠨ ᠬᠠᠷᠠᠭᠴᠢᠨ ᠲᠠᠬᠢᠶ᠎ᠠ ᠡᠳᠦᠷ ᠤᠯᠠᠭᠠᠨ ᠠᠯᠴᠢᠭᠤᠷᠳᠠᠨ ᠤ᠋ ᠪᠣᠰᠤᠯᠭ᠎ᠠ ᠶ᠋ᠢᠨ ᠴᠡᠷᠢᠭ ᠦ᠋ᠨ ᠭᠤᠸᠠᠨ ᠰᠢᠶᠠᠨᠱᠧᠩ᠂ᠫᠦᠸᠧ ᠲᠧᠦ ᠹᠠᠨ ᠤ᠋ ᠤᠳᠤᠷᠢᠳᠤᠭᠰᠠᠨ ᠨᠢᠭᠡᠨ ᠰᠠᠯᠠᠭ᠎ᠠ  ᠴᠡᠷᠢᠭ ᠱᠠᠩᠳᠤ ᠬᠣᠲᠠ ᠶ᠋ᠢ ᠡᠪᠳᠡᠭᠡᠳ ᠪᠣᠭᠣᠮᠲᠠ ᠶ᠋ᠢᠨ ᠠᠷᠤ ᠳ᠋ᠠᠬᠢ ᠪᠠᠶᠠᠨ ᠬᠣᠲᠠ ᠭᠡᠮᠡᠨ ᠠᠯᠳᠠᠷᠰᠢᠭᠰᠠᠨ ᠶᠤᠸᠠᠨ ᠤᠯᠤᠰ ᠤ᠋ᠨ ᠳᠡᠭᠡᠳᠦ ᠨᠡᠢᠰᠯᠡᠯ ᠦ᠋ᠨ ᠣᠷᠳᠣᠨ ᠬᠠᠷᠰᠢ ᠶ᠋ᠢ ᠲᠦᠢᠮᠡᠷᠳᠡᠨ ᠳᠣᠯᠣᠭ᠎ᠠ ᠬᠣᠨᠣᠭ ᠲᠠᠯᠬᠢᠳᠠᠪᠠ᠃ᡁᠢ ᠵᠧᠩ ᠦ᠋ᠨ ᠬᠣᠷᠢᠳᠤᠭᠠᠷ ᠣᠨ ᠤ᠋ ᠶᠢᠰᠦᠳᠦᠭᠡᠷ ᠰᠠᠷ᠎ᠠ ᠶ᠋ᠢᠨ ᠬᠠᠷᠠᠭᠴᠢᠨ ᠬᠣᠨᠢᠨ ᠡᠳᠦᠷ ᠳᠠᠬᠢᠨ ᠬᠠᠯᠳᠠᠬᠤ ᠳ᠋ᠤ᠌ ᠪᠠᠷᠠᠭᠤᠨ ᠭᠠᠷ ᠤ᠋ᠨ ᠴᠢᠩᠰᠠᠩ ᠮᠠᠩᠨᠠᠭᠲᠡᠮᠤᠷ ᠴᠡᠷᠢᠭ ᠳᠠᠢᠴᠢᠯᠠᠨ ᠤᠭᠲᠤᠨ ᠪᠠᠢᠯᠳᠤᠵᠤ ᠢᠯᠠᠪᠠ᠃ᡁᠢ ᠵᠧᠩ ᠦ᠋ᠨ ᠬᠣᠷᠢᠨ ᠭᠤᠷᠪᠠᠳᠤᠭᠠᠷ ᠣᠨ(1363ᠣᠨ)ᠤ᠋ ᠬᠠᠪᠤᠷ᠂ ᠭᠤᠸᠠᠨ ᠰᠢᠶᠠᠨᠱᠧᠩ ᠦ᠋ᠨ ᠦᠯᠡᠳᠡᠭᠳᠡᠯ ᠴᠡᠷᠢᠭ ᠨᠢ ᠭᠠᠤᠯᠢ ᠤᠯᠤᠰ ᠠ᠋ᠴᠠ ᠪᠤᠴᠠᠨ ᠢᠷᠡᠵᠦ ᠱᠠᠩᠳᠤ ᠶ᠋ᠢ ᠰᠢᠬᠠᠮᠳᠠᠭᠤᠯᠪᠠ᠃ᠪᠣᠯᠤᠨᠲᠡᠮᠤᠷ ᠴᠡᠷᠢᠭ ᠳᠠᠢᠴᠢᠯᠠᠨ ᠲᠣᠰᠣᠨ ᠴᠣᠬᠢᠵᠤ ᠫᠦᠸᠧ ᠲᠧᠦ ᠹᠠᠨ ᠢ᠋ ᠣᠯᠵᠠᠯᠠᠨ ᠱᠠᠩᠳᠤ ᠶ᠋ᠢ ᠴᠣᠬᠢᠭᠰᠠᠨ ᠤᠯᠠᠭᠠᠨ ᠠᠯᠴᠢᠭᠤᠷᠳᠠᠨ ᠤ᠋ ᠴᠡᠷᠢᠭ ᠢ᠋ ᠪᠦᠷᠢᠮᠦᠰᠦᠨ ᠰᠥᠨᠥᠭᠡᠵᠡᠢ᠃ᠤᠯᠠᠭᠠᠨ ᠠᠯᠴᠢᠭᠤᠷᠳᠠᠨ ᠤ᠋ ᠪᠣᠰᠤᠯᠭ᠎ᠠ ᠶ᠋ᠢᠨ ᠴᠡᠷᠢᠭ᠂ᠳ᠋ᠠᠲ᠋ᠦ᠋ᠩ ᠡᠴᠡ ᠭᠣᠪᠢ ᠶ᠋ᠢᠨ ᠡᠮᠦᠨᠡᠬᠢ ᠱᠠᠩᠳᠤ ᠥᠭᠡᠳᠡ ᠲᠠᠪᠰᠢᠵᠤ ᠪᠠᠢᠬᠤ ᠦᠶᠡᠰ ᠮᠡᠷᠭᠢᠳ ᠠᠢᠮᠠᠭ ᠤ᠋ᠨ ᠬᠢᠨ ᠪᠠᠰᠠ ᠪᠣᠰᠤᠯᠭ᠎ᠠ ᠭᠠᠷᠭᠠᠵᠤ ᠣᠩᠭᠣᠳ ᠠᠢᠮᠠᠭ ᠤ᠋ᠨ ᠵᠣᠣ ᠸᠠᠩ ᠤ᠋ᠨ ᠣᠷᠳᠣᠨ ᠢ᠋ ᠳᠠᠭᠠᠷᠢᠨ ᠴᠣᠬᠢᠵᠤ ᠢᠯᠠᠯᠲᠠ ᠣᠯᠪᠠ᠃ᡁᠢ ᠵᠧᠩ ᠦ᠋ᠨ ᠬᠣᠷᠢᠨ ᠨᠠᠢ᠍ᠮᠠᠳᠤᠭᠠᠷ ᠣᠨ(1368ᠣᠨ) ᠤ᠋ ᠳᠣᠯᠣᠳᠤᠭᠠᠷ ᠰᠠᠷ᠎ᠠ ᠶ᠋ᠢᠨ ᠬᠣᠷᠢᠨ ᠨᠠᠢ᠍ᠮᠠᠨ ᠤ᠋ ᠡᠳᠦᠷ᠂ᠶᠤᠸᠠᠨ ᠤᠯᠤᠰ ᠤ᠋ᠨ ᠤᠬᠠᠭᠠᠨᠲᠤ ᠬᠠᠭᠠᠨ ᠲᠣᠭᠣᠭᠠᠨᠲᠡᠮᠦᠷ ᠬᠠᠭᠠᠨ ᠬᠠᠲᠤᠨ ᠲᠠᠢᠽᠢ ᠪᠠᠨ ᠳᠠᠭᠠᠭᠤᠯᠤᠨ ᠳᠠᠢᠳᠤ ᠪᠡᠭᠡᠵᠢᠩ ᠡᠴᠡ ᠤᠬᠤᠷᠢᠨ ᠭᠠᠷᠴᠤ ᠱᠠᠩᠳᠤ ᠬᠣᠲᠠ ᠳ᠋ᠤ᠌ ᠢᠷᠡᠪᠡ᠃ᠨᠠᠢ᠍ᠮᠠᠳᠤᠭᠠᠷ ᠰᠠᠷ᠎ᠠ ᠶ᠋ᠢᠨ ᠰᠢᠨ᠎ᠡ ᠶ᠋ᠢᠨ ᠬᠣᠶᠠᠷ ᠲᠤ᠌ ᠮᠢᠩ ᠤᠯᠤᠰ ᠤ᠋ᠨ ᠴᠡᠷᠢᠭ ᠳᠠᠢᠳᠤ ᠪᠡᠭᠡᠵᠢᠩ ᠢ᠋ ᠡᠵᠡᠯᠡᠭᠡᠳ ᠶᠤᠸᠠᠨ ᠤᠯᠤᠰ ᠤ᠋ᠨ ᠨᠣᠶᠠᠷᠬᠠᠯ ᠢ᠋ ᠡᠴᠦᠰᠯᠡᠭᠦᠯᠵᠡᠢ᠃ᠬᠣᠩ ᠡᠦ ᠶ᠋ᠢᠨ ᠬᠣᠶᠠᠳᠤᠭᠠᠷ ᠣᠨ(1369ᠣᠨ) ᠤ᠋ ᠳᠥᠷᠪᠡᠳᠦᠭᠡᠷ ᠰᠠᠷ᠎ᠠ ᠳ᠋ᠤ᠌ ᠮᠢᠩ ᠤᠯᠤᠰ ᠤ᠋ᠨ ᠴᠡᠷᠢᠭ ᠱᠠᠩᠳᠤ ᠬᠣᠲᠠ ᠥᠭᠡᠳᠡ ᠳᠠᠬᠢᠨ ᠴᠡᠷᠢᠭ ᠲᠣᠮᠢᠯᠠᠭᠰᠠᠨ ᠳ᠋ᠤ᠌ ᠲᠣᠭᠣᠨᠲᠡᠮᠥᠷ ᠬᠠᠭᠠᠨ ᠢᠩ ᠴᠠᠩ ᠹᠦ ᠬᠣᠲᠠ ᠳ᠋ᠤ᠌ ᠳᠤᠲᠠᠭᠠᠨ ᠬᠦᠷᠴᠦ᠂ᠳᠠᠷᠠᠭ᠎ᠠ ᠵᠢᠯ ᠦ᠋ᠨ ᠬᠢᠨᠢ ᠳᠥᠷᠪᠡᠳᠦᠭᠡᠷ ᠰᠠᠷ᠎ᠠ ᠳ᠋ᠤ᠌ ᠡᠪᠡᠳᠴᠢᠨ ᠢ᠋ᠶ᠋ᠡᠷ ᠲᠠᠭᠠᠯᠠᠯ ᠲᠡᠭᠦᠰᠪᠡ᠃ᠶᠤᠸᠠᠨ ᠤᠯᠤᠰ ᠤ᠋ᠨ ᠮᠥᠬᠥᠯᠲᠡ ᠶ᠋ᠢ ᠳᠠᠭᠠᠯᠳᠤᠨ᠂ᠭᠦᠷᠦᠨ ᠤ ᠵᠢᠷᠦᠬᠡ ᠪᠣᠯᠤᠨ ᠴᠣᠬᠢᠯᠠᠵᠤ ᠪᠠᠢᠭᠰᠠᠨ ᠱᠠᠩᠳᠤ ᠨᠡᠢᠰᠯᠡᠯ ᠲᠡᠢᠨ ᠦ᠌ ᠲᠦᠢᠮᠡᠷ ᠲᠦ᠍ ᠰᠢᠲᠠᠭᠳᠠᠨ ᠲᠠᠮᠪᠠᠷᠠᠵᠤ ᠲᠠᠯ᠎ᠠ ᠨᠤᠲᠤᠭ ᠲᠠᠭᠠᠨ ᠴᠡᠴᠡᠭ ᠦ᠋ᠨ ᠳᠠᠯᠠᠢ ᠳ᠋ᠤ᠌ ᠮᠥᠩᠬᠡ ᠨᠣᠢᠷᠰᠤᠭᠰᠠᠨ ᠪᠢᠯᠡ᠃
    《ᠡᠯᠳᠡᠪ ᠵᠦᠢᠯ ᠡᠷᠳᠡᠨᠢᠰ ᠢ᠋ᠶ᠋ᠡᠷ ᠰᠢᠯᠤᠭᠤᠬᠠᠨ ᠰᠠᠢᠬᠠᠨ ᠢ᠋ᠶ᠋ᠠᠷ ᠪᠦᠲᠦᠭᠰᠡᠨ ᠳᠠᠢᠳᠤ ᠮᠢᠨᠦ᠂ᠡᠷᠲᠡᠨ ᠦ᠌ ᠬᠠᠳ ᠤ᠋ᠨ ᠰᠠᠭᠤᠭᠰᠠᠨ ᠵᠤᠰᠠᠯᠠᠩ ᠱᠠᠩᠳᠤ ᠶ᠋ᠢᠨ ᠰᠢᠷ᠎ᠠ ᠲᠠᠯ᠎ᠠ ᠮᠢᠨᠦ᠂ᠰᠡᠷᠢᠭᠦᠬᠡᠨ ᠰᠠᠢᠬᠠᠨ ᠬᠡᠢᠪᠦᠩ ᠱᠠᠩᠳᠤ ᠮᠢᠨᠦ᠂ᠤᠯᠠᠭᠠᠨ ᠬᠠᠯᠵᠠᠨ ᠲᠠᠤᠯᠠᠢ ᠵᠢᠯ᠎ᠡ ᠠᠯᠳᠠᠭᠰᠠᠨ ᠬᠠᠢᠷᠠᠨ ᠳᠠᠢᠳᠤ ᠮᠢᠨᠦ!ᠥᠷᠯᠥᠭᠡ ᠮᠠᠨᠠᠭᠠᠷ ᠥᠨᠳᠥᠷ ᠳᠡᠭᠡᠷ᠎ᠡ ᠬᠠᠷᠠᠪᠠᠰᠤ ᠰᠠᠢᠬᠠᠨ ᠤᠨᠢᠶᠠᠷ ᠴᠢᠨᠦ ᠤᠬᠠᠭᠠᠨᠲᠤ ᠬᠠᠭᠠᠨ ᠮᠢᠨᠦ ᠡᠮᠦᠨ᠎ᠡ ᠯᠠᠭᠠᠨ᠂ᠢᠪᠠᠬᠤ ᠬᠣᠶᠠᠷ ᠬᠢᠵᠦ ᠪᠥᠯᠥᠭᠡ᠂ᠤᠬᠠᠵᠤ ᠮᠡᠳᠡᠵᠦ ᠲᠠᠯᠪᠢᠵᠤ ᠢᠯᠡᠭᠡᠪᠡᠢ ᠬᠠᠢᠷᠠᠨ ᠳᠠᠢᠳᠤ ᠶ᠋ᠢ᠂ᠤᠬᠠᠭᠠᠨ ᠦᠭᠡᠢ ᠲᠥᠷᠥᠭᠰᠡᠨ ᠨᠣᠶᠠᠳ ᠤᠯᠤᠰ ᠢ᠋ᠶ᠋ᠠᠨ ᠬᠦ᠌ ᠬᠠᠷᠠᠵᠤ ᠡᠰᠡ ᠦᠵᠡᠯᠴᠡᠪᠡᠢ᠃ᠤᠬᠢᠯᠠᠵᠤ ᠬᠣᠴᠣᠷᠪᠠᠢ ᠪᠢ᠂ᠨᠤᠲᠤᠭ ᠲᠤ᠌ ᠬᠣᠴᠣᠷᠤᠭᠰᠠᠨ ᠤᠯᠠᠭᠠᠨ ᠪᠢᠷᠠᠭᠤᠨ ᠳ᠋ᠤ᠌ ᠠᠳᠠᠯᠢ ᠪᠣᠯᠪᠠᠢ ᠪᠢ᠂ᠡᠯᠳᠡᠪ ᠵᠦᠢᠯ ᠢ᠋ᠶ᠋ᠡᠷ ᠪᠦᠲᠦᠭᠰᠡᠨ ᠨᠠᠢ᠍ᠮᠠᠨ ᠲᠠᠯᠠᠲᠤ ᠴᠠᠭᠠᠨ ᠰᠤᠪᠤᠷᠭ᠎ᠠ ᠮᠢᠨᠦ᠂ᠶᠡᠬᠡ ᠤᠯᠤᠰ ᠤ᠋ᠨ ᠨᠡᠷ᠎ᠡ ᠲᠥᠷᠥ ᠶ᠋ᠢ ᠠᠪᠤᠨ ᠰᠠᠭᠤᠭᠰᠠᠨ᠂ᠶᠢᠰᠦᠨ ᠡᠷᠳᠡᠨᠢᠰ ᠢ᠋ᠶ᠋ᠡᠷ ᠪᠦᠲᠦᠭᠡᠭᠰᠡᠨ ᠳᠠᠢᠳᠤ ᠬᠣᠲᠠ ᠮᠢᠨᠦ ! ᠳᠥᠴᠢᠨ ᠲᠦᠮᠡᠨ ᠮᠣᠩᠭᠣᠯ ᠤᠯᠤᠰ ᠶᠤᠭᠠᠨ ᠨᠡᠷ᠎ᠡ ᠲᠥᠷᠥ ᠶ᠋ᠢ ᠠᠪᠤᠨ ᠰᠠᠭᠤᠭᠰᠠᠨ᠂ᠳᠥᠷᠪᠡᠨ ᠬᠠᠭᠠᠯᠭᠠᠲᠤ ᠳᠥᠷᠪᠡᠯᠵᠢᠨ ᠶᠡᠬᠡ ᠳᠠᠢᠳᠤ ᠬᠣᠲᠠ ᠮᠢᠨᠦ᠂ᠱᠠᠰᠢᠨ ᠨᠣᠮ ᠢ᠋ ᠳᠡᠯᠭᠡᠷᠡᠭᠦᠯᠦᠨ ᠶᠠᠪᠤᠲᠠᠯ᠎ᠠ᠂ᠲᠡᠮᠦᠷ ᠱᠠᠲᠤ ᠬᠤᠭᠤᠷᠠᠵᠤ ᠬᠠᠢᠷᠠᠨ ᠳᠠᠢᠳᠤ ᠬᠣᠲᠠ ᠮᠢᠨᠦ!ᠨᠡᠷ᠎ᠡ ᠲᠥᠷᠥ ᠮᠢᠨᠦ!ᠬᠠᠭᠠᠨᠠᠬᠢ ᠵᠠᠭᠠᠨᠠᠬᠢ ᠮᠣᠩᠭᠣᠯ ᠤᠯᠤᠰ ᠢ᠋ᠶ᠋ᠠᠨ ᠬᠠᠷᠠᠬᠤᠯ ᠤ᠋ᠨ ᠬᠠᠢᠭᠤᠯᠣᠭᠴᠢ ᠬᠠᠢᠷᠠᠨ ᠳᠠᠢᠳᠤ ᠮᠢᠨᠦ᠂ᠡᠪᠦᠯ ᠦ᠋ᠨ ᠡᠪᠦᠯᠵᠢᠬᠦ ᠪᠠᠯᠭᠠᠰᠤᠨ ᠮᠢᠨᠦ᠂ᠵᠤᠨ ᠤ᠋ ᠵᠤᠰᠠᠯᠠᠩ ᠬᠡᠢᠪᠤᠩ ᠱᠠᠩᠳᠤ ᠮᠢᠨᠦ᠂ᠰᠠᠢᠬᠠᠨ ᠰᠢᠷ᠎ᠠ ᠲᠠᠯ᠎ᠠ ᠮᠢᠨᠦ!ᠯᠠᠭᠠᠨ᠂ᠢᠪᠠᠬᠤ ᠬᠣᠶᠠᠷ ᠤ᠋ᠨ ᠦᠭᠡᠨ ᠳ᠋ᠦ᠍ᠷ ᠡᠰᠡ ᠣᠷᠣᠭᠰᠠᠨ ᠬᠣᠷᠣᠨ ᠮᠢᠨᠦ!ᠬᠤᠲᠤᠭᠲᠠᠨ ᠪᠠᠢᠭᠤᠯᠪᠠᠢ ᠬᠤᠯᠤᠰᠤᠨ ᠤᠷᠲᠤ ᠶ᠋ᠢ᠂ᠬᠣᠪᠢᠯᠬᠠᠨ ᠰᠡᠴᠡᠨ ᠬᠠᠭᠠᠨ ᠵᠤᠰᠠᠨᠠᠮ ᠪᠥᠯᠥᠭᠡ ᠬᠡᠢᠪᠤᠩ ᠱᠠᠩᠳᠤ ᠶ᠋ᠢ᠂ᠬᠤᠮᠢᠵᠤ ᠠᠪᠲᠠᠪᠠᠢ ᠬᠢᠲᠠᠳ ᠤᠯᠤᠰ ᠲᠤᠷ᠂ᠬᠤᠷᠢᠴᠠᠬᠤ ᠮᠠᠭᠤ ᠨᠡᠷ᠎ᠡ ᠶ᠋ᠢ ᠤᠬᠠᠭᠠᠨᠲᠤ ᠬᠠᠭᠠᠨ ᠳ᠋ᠤᠷ ᠲᠠᠯᠪᠢᠪᠠᠢ᠃ᠬᠠᠮᠤᠭ ᠢ᠋ᠶ᠋ᠠᠷ ᠪᠠᠢᠭᠤᠯᠪᠠᠢ ᠬᠠᠨ ᠳᠠᠢᠳᠤ ᠶ᠋ᠢ᠂ᠬᠠᠷᠰᠢᠯᠠᠨ ᠡᠪᠦᠯᠵᠢᠨᠡᠮ ᠪᠥᠯᠥᠭᠡ ᠬᠠᠢᠷᠠᠨ ᠳᠠᠢᠳᠤ ᠶ᠋ᠢ᠂ ᠬᠠᠮᠤᠵᠤ ᠠᠪᠲᠠᠪᠠᠢ ᠬᠢᠲᠠᠳ ᠤᠯᠤᠰ ᠲᠤᠷ᠂ᠬᠠᠷᠰᠢᠯᠠᠬᠤ ᠮᠠᠭᠤ ᠨᠡᠷ᠎ᠡ ᠶ᠋ᠢ ᠤᠬᠠᠭᠠᠨᠲᠤ ᠬᠠᠭᠠᠨ ᠳ᠋ᠤᠷ ᠲᠠᠯᠪᠢᠪᠠᠢ᠃ᠡᠯᠳᠡᠪ ᠤᠳ ᠢ᠋ᠶ᠋ᠠᠷ ᠪᠠᠢᠭᠤᠯᠪᠠᠢ ᠡᠷᠳᠡᠨᠢ ᠳᠠᠢᠳᠤ ᠶ᠋ᠢ᠂ᠡᠷᠬᠢᠯᠡᠨ ᠵᠤᠰᠠᠮ ᠪᠥᠯᠥᠭᠡ ᠬᠡᠢᠪᠥᠩ ᠱᠠᠩᠳᠤ ᠶ᠋ᠢ᠂ᠡᠨᠳᠡᠵᠦ ᠠᠪᠲᠠᠪᠠᠢ ᠬᠢᠲᠠᠳ ᠤᠯᠤᠰ ᠲᠤᠷ ᠡᠷᠭᠢᠭᠦᠦ ᠮᠠᠭᠤ ᠨᠡᠷ᠎ᠡ ᠶ᠋ᠢ ᠤᠬᠠᠭᠠᠨᠲᠤ ᠬᠠᠭᠠᠨ ᠳ᠋ᠤᠷ ᠲᠠᠯᠪᠢᠪᠠᠢ᠃ᠬᠠᠭᠠᠨ ᠡᠵᠡᠨ ᠦ᠌ ᠵᠥᠭᠡᠭᠡᠭᠰᠡᠨ ᠶᠡᠬᠡ ᠨᠡᠷ᠎ᠡ ᠲᠥᠷᠥ ᠶ᠋ᠢ᠂ᠭᠠᠢᠬᠠᠮᠰᠢᠭ ᠰᠡᠴᠡᠨ ᠬᠠᠭᠠᠨ ᠤ᠋ ᠪᠠᠷᠢᠭᠰᠠᠨ ᠬᠠᠢᠷᠠᠨ ᠳᠠᠢᠳᠤ ᠶ᠋ᠢ᠂ᠬᠠᠮᠤᠭ ᠤᠯᠤᠰ ᠰᠢᠲᠦᠭᠡᠨ ᠲᠤᠯᠭ᠎ᠠ ᠡᠷᠳᠡᠨᠢᠲᠦ ᠬᠣᠲᠠ ᠶ᠋ᠢ᠂ᠬᠠᠮᠤᠵᠤ ᠠᠪᠲᠠᠪᠠᠢ ᠬᠢᠲᠠᠳ ᠤᠯᠤᠰ ᠲᠤᠷ ᠬᠠᠢᠷᠠᠨ ᠳᠠᠢᠳᠤ ᠶ᠋ᠢ!ᠬᠠᠨ ᠲᠩᠷᠢ ᠶ᠋ᠢᠨ ᠬᠥᠪᠡᠭᠦᠨ ᠴᠢᠩᠭᠢᠰ ᠬᠠᠭᠠᠨ ᠤ᠋ ᠠᠯᠲᠠᠨ ᠤᠷᠤᠭ᠂ᠬᠠᠮᠤᠭ ᠪᠤᠷᠬᠠᠨ ᠤ᠋ ᠬᠤᠪᠢᠯᠭᠠᠨ ᠰᠡᠴᠡᠨ ᠬᠠᠭᠠᠨ ᠤ᠋ ᠠᠯᠲᠠᠨ ᠬᠠᠷᠰᠢ ᠶ᠋ᠢ᠂ᠬᠠᠮᠤᠭ ᠪᠣᠳᠢᠰᠤᠩ ᠨᠠᠷ ᠤ᠋ᠨ ᠬᠤᠪᠢᠯᠭᠠᠨ ᠤᠬᠠᠭᠠᠨᠲᠤ ᠬᠠᠭᠠᠨ᠂ᠬᠠᠨ ᠲᠩᠷᠢ ᠶ᠋ᠢᠨ ᠵᠠᠶᠠᠭ᠎ᠠ ᠪᠠᠷ ᠠᠯᠳᠠᠪᠠᠢ ᠬᠠᠢᠷᠠᠨ ᠳᠠᠢᠳᠤ ᠶ᠋ᠢ᠂ ᠬᠠᠨ ᠡᠵᠡᠨ ᠦ᠌ ᠬᠠᠰᠪᠤᠤ ᠲᠠᠮᠠᠭ᠎ᠠ ᠬᠠᠨᠴᠤᠯᠠᠵᠤ ᠢᠷᠡᠪᠡᠢ᠂ᠬᠠᠮᠤᠭ ᠳᠠᠢᠰᠤᠨ ᠤ᠋ ᠳᠣᠲᠣᠷ᠎ᠠ ᠠ᠋ᠴᠠ ᠬᠠᠳᠬᠤᠯᠳᠤᠵᠤ ᠭᠠᠷᠭᠠᠪᠠᠢ᠂ᠪᠤᠬ᠎ᠠ ᠲᠡᠮᠦᠷ ᠴᠢᠩᠰᠠᠩ ᠪᠤᠯᠬ᠎ᠠ ᠳᠠᠢᠰᠤᠨ ᠳᠣᠲᠣᠷ᠎ᠠ ᠠ᠋ᠴᠠ᠂ᠬᠠᠨ ᠡᠵᠡᠨ ᠦ᠌ ᠤᠷᠤᠭ ᠲᠤᠷ᠂ᠬᠠᠨ ᠣᠷᠣᠨ ᠪᠣᠯᠳᠤᠬᠠᠢ ᠲᠦᠮᠡᠨ ᠦᠶ᠎ᠡ ᠳ᠋ᠦ᠍ᠷ!ᠭᠡᠨᠡᠳᠡᠵᠦ ᠠᠯᠳᠠᠪᠠᠢ ᠬᠠᠢᠷᠠᠨ ᠳᠠᠢᠳᠤ ᠶ᠋ᠢ᠂ᠭᠡᠷ ᠳᠠᠴᠠ ᠬᠠᠷᠬᠤ ᠳ᠋ᠤᠷ ᠡᠷᠳᠡᠨᠢ ᠱᠠᠰᠢᠨ ᠨᠣᠮ ᠬᠣᠴᠣᠷᠪᠠᠢ ᠲᠡᠷᠡ ᠴᠠᠭ ᠲᠤᠷ᠂ᠭᠡᠭᠡᠨ ᠪᠢᠯᠢᠭᠲᠦ ᠪᠣᠳᠢᠰᠤᠩ ᠨᠠᠷ ᠢᠯᠭᠠᠳᠤᠬᠠᠢ ᠬᠣᠢᠲᠤ ᠴᠠᠭ ᠲᠤᠷ᠂ᠬᠡᠷᠦᠵᠦ ᠢᠷᠡᠵᠦ ᠲᠣᠭᠳᠤᠳᠤᠬᠠᠢ ᠴᠢᠩᠭᠢᠰ ᠬᠠᠭᠠᠨ ᠤ᠋ ᠠᠯᠲᠠᠨ ᠤᠷᠤᠭ ᠲᠤᠷ!》᠃
    ᠡᠨᠡ ᠬᠦ᠌ ᠲᠣᠭᠤᠨᠳᠡᠮᠤᠷ ᠬᠠᠭᠠᠨ ᠤ᠋ ᠭᠡᠮᠰᠢᠯ ᠦ᠋ᠨ ᠰᠢᠯᠦᠭ ᠨᠢ ᠶᠤᠸᠠᠨ ᠤᠯᠤᠰ ᠤ᠋ᠨ ᠬᠠᠭᠠᠨ ᠤᠭᠰᠠᠭᠠᠲᠠᠨ ᠤ᠋ ᠲᠥᠷᠥ ᠪᠡᠨ ᠠᠯᠳᠠᠭᠰᠠᠨ ᠳ᠋ᠦᠩᠨᠡᠯᠲᠡ᠂ᠭᠡᠮᠰᠢᠯ ᠦ᠋ᠨ ᠪᠢᠴᠢᠭ ᠪᠣᠯᠵᠤ ᠦᠯᠡᠳᠡᠭᠰᠡᠨ ᠲᠤᠯᠠ ᠡᠨᠳᠡ ᠰᠡᠢᠷᠡᠭᠦᠯᠦᠨ ᠲᠠᠯᠪᠢᠵᠤ ᠱᠠᠩᠳᠤ ᠨᠡᠢᠰᠯᠡᠯ ᠦ᠋ᠨ ᠬᠤᠷᠢᠶᠠᠩᠭᠤᠯᠠᠯ ᠪᠣᠯᠭᠠᠪᠠ᠃ᠲᠣᠭᠤᠨᠲᠡᠮᠤᠷ ᠥᠪᠡᠷ ᠢ᠋ᠶ᠋ᠡᠨ ᠪᠢᠴᠢᠭᠰᠡᠨ ᠪᠤᠶᠤ᠂ᠳᠣᠣᠷᠠᠬᠢ ᠲᠦᠰᠢᠮᠡᠯ ᠨᠢ ᠨᠥᠬᠥᠵᠦ ᠪᠢᠴᠢᠭᠰᠡᠨ ᠪᠢᠯᠡ ᠤᠤ᠂ᠲᠥᠷᠥ ᠪᠡᠨ ᠠᠯᠳᠠᠭᠰᠠᠨ ᠨᠢ ᠦᠨᠡᠨ ᠲᠤᠯᠠ ᠲᠡᠦᠬᠡ ᠰᠤᠳᠤᠷ ᠲᠤ᠌ ᠦᠯᠡᠳᠡᠵᠦᠬᠦᠢ᠃ 

ᠶᠤᠸᠠᠨ ᠤᠯᠤᠰ ᠤ᠋ᠨ ᠴᠡᠷᠢᠭ

   ᠶᠤᠸᠠᠨ ᠤᠯᠤᠰ ᠤ᠋ᠨ ᠴᠡᠷᠢᠭ ᠢ᠋ ᠬᠡᠪᠲᠡᠭᠦᠯ ᠦ᠋ᠨ ᠰᠢᠰᠲ᠋ᠧᠮ ᠪᠣᠯᠤᠨ ᠰᠠᠬᠢᠭᠤᠯ ᠤ᠋ᠨ ᠰᠢᠰᠲ᠋ᠧᠮ ᠬᠡᠮᠡᠬᠦ ᠬᠣᠶᠠᠷ ᠶᠡᠬᠡ ᠰᠢᠰᠲ᠋ᠧᠮ ᠳ᠋ᠦ᠍ ᠬᠤᠪᠢᠶᠠᠳᠠᠭ᠃ᠬᠡᠪᠲᠡᠭᠦᠯ ᠦ᠋ᠨ ᠴᠡᠷᠢᠭ ᠨᠢ ᠨᠡᠢᠰᠯᠡᠯ ᠬᠣᠲᠠ ᠶ᠋ᠢ ᠬᠠᠮᠠᠭᠠᠯᠠᠬᠤ ᠭᠣᠣᠯ ᠡᠭᠦᠷᠭᠡ ᠶ᠋ᠢ ᠭᠦᠢᠴᠡᠳᠬᠡᠨ᠎ᠡ᠃ᠬᠡᠪᠲᠡᠭᠦᠯ ᠴᠡᠷᠢᠭ ᠢ᠋ ᠡᠯ᠎ᠡ ᠭᠠᠵᠠᠷ ᠤ᠋ᠨ ᠪᠢᠷ᠎ᠠ ᠴᠢᠳᠠᠯ ᠲᠠᠢ ᠬᠤᠷᠴᠠ ᠱᠠᠯᠠᠮᠠᠭᠠᠢ ᠵᠠᠯᠠᠭᠤᠰ ᠢ᠋ᠶ᠋ᠠᠷ ᠪᠦᠷᠢᠯᠳᠦᠭᠦᠯᠦᠨ ᠵᠣᠬᠢᠶᠠᠨ ᠪᠠᠢᠭᠤᠯᠤᠭᠰᠠᠨ ᠶᠤᠮ᠃ᠬᠡᠪᠲᠡᠭᠦᠯ ᠴᠡᠷᠢᠭ ᠲᠦ᠍ ᠪᠠᠰᠠ ᠬᠤᠶᠠᠭ ᠴᠡᠷᠢᠭ ᠬᠠᠷᠢᠶᠠᠯᠠᠭᠳᠠᠨ᠎ᠠ᠃
   ᠬᠤᠶᠠᠭ ᠴᠡᠷᠢᠭ ᠨᠢ ᠬᠡᠰᠢᠭᠲᠡᠨ ᠴᠡᠷᠢᠭ ᠪᠠ ᠰᠢᠳᠠᠷ ᠴᠡᠷᠢᠭ ᠢ᠋ᠶ᠋ᠡᠷ ᠪᠦᠷᠢᠯᠳᠦᠵᠡᠢ᠃ᠬᠡᠰᠢᠭᠲᠡᠨ ᠭᠡᠳᠡᠭ ᠦᠭᠡ ᠪᠣᠯ ᠳᠦᠷᠭᠦᠤᠠ ᠬᠡᠯᠡᠨ ᠦ᠌ ᠡᠭᠡᠯᠵᠢ ᠡᠭᠡᠯᠵᠢ ᠪᠡᠷ ᠰᠠᠬᠢᠬᠤ ᠬᠡᠮᠡᠬᠦ ᠤᠳᠬ᠎ᠠ ᠲᠠᠢ ᠦᠭᠡ᠃ᠶᠤᠸᠠᠨ ᠤᠯᠤᠰ ᠪᠠᠢᠭᠤᠯᠤᠭᠳᠠᠭᠰᠠᠨ ᠤ᠋ ᠳᠠᠷᠠᠭ᠎ᠠ ᠴᠢᠩᠭᠢᠰ ᠬᠠᠭᠠᠨ ᠤ᠋ ᠡᠭᠦᠳᠦᠭᠰᠡᠨ ᠳᠥᠷᠪᠡᠨ ᠬᠡᠰᠢᠭᠲᠡᠨ ᠢ᠋ᠶ᠋ᠡᠷ ᠡᠭᠡᠯᠵᠢᠯᠡᠨ ᠰᠠᠬᠢᠭᠤᠯᠬᠤ ᠶᠣᠰᠣ ᠶ᠋ᠢ ᠬᠡᠪ ᠢ᠋ᠶ᠋ᠡᠷ ᠨᠢ ᠦᠯᠡᠳᠡᠭᠡᠵᠦ ᠬᠡᠰᠢᠭᠲᠡᠨ ᠴᠡᠷᠢᠭ ᠢ᠋ ᠬᠣᠷᠢᠭᠠᠲᠤ ᠣᠷᠳᠣᠨ ᠤ᠋ ᠣᠢᠷ᠎ᠠ ᠬᠠᠷᠠᠭᠤᠯ ᠳ᠋ᠤ᠌ ᠵᠣᠭᠰᠣᠭᠠᠵᠤ ᠪᠠᠢᠪᠠ᠃ᠬᠡᠰᠢᠭᠲᠡᠨ ᠴᠡᠷᠢᠭ  ᠦ᠋ᠨ10000ᠭᠠᠷᠤᠢ ᠬᠥᠮᠦᠨ ᠢ᠋ ᠡᠵᠡᠨ ᠦ᠌ ᠢᠲᠡᠭᠡᠯᠲᠡᠢ ᠰᠠᠢᠳ ᠰᠢᠭᠤᠳ ᠵᠠᠬᠢᠷᠳᠠᠭ᠃ᡁᠢ ᠶᠤᠸᠠᠨ ᠤ᠋ ᠠᠷᠪᠠᠨ ᠵᠢᠷᠭᠤᠳᠤᠭᠠᠷ ᠣᠨ ᠳ᠋ᠤ᠌ ᠬᠠᠭᠠᠨ ᠤ᠋ ᠵᠠᠷᠯᠢᠭ ᠢ᠋ᠶ᠋ᠠᠷ ᠰᠢᠳᠠᠷ ᠬᠠᠢᠭᠤᠯ ᠢ᠋ ᠨᠡᠢᠭᠡᠮᠯᠡᠨ ᠵᠠᠬᠢᠷᠬᠤ ᠬᠡᠯᠲᠡᠰ ᠢ᠋ ᠪᠠᠢᠭᠤᠯᠤᠭᠠᠳ ᠳᠡᠰᠯᠡᠭᠰᠡᠨ ᠵᠠᠬᠢᠷᠤᠭᠴᠢ ᠨᠣᠶᠠᠨ ᠢ᠋ ᠲᠣᠮᠢᠯᠠᠵᠤ10000 ᠨᠡᠷ᠎ᠡ ᠰᠢᠯᠭᠠᠳᠠᠭ ᠴᠡᠷᠢᠭ ᠢ᠋ ᠵᠠᠬᠢᠷᠤᠭᠤᠯᠪᠠ᠃ᠬᠡᠪᠲᠡᠭᠦᠯ ᠦ᠋ᠨ ᠰᠢᠰᠲ᠋ᠧᠮ ᠦ᠋ᠨ ᠴᠡᠷᠢᠭ ᠢ᠋ ᠵᠡᠭᠦᠨ ᠪᠠᠷᠠᠭᠤᠨ᠂ᠡᠮᠦᠨ᠎ᠡ ᠬᠣᠢᠨ᠎ᠠ᠂ᠳᠤᠮᠳᠠ ᠲᠠᠪᠤᠨ ᠬᠡᠪᠲᠡᠭᠦᠯ ᠦ᠋ᠨ ᠰᠢᠰᠲ᠋ᠧᠮ ᠳ᠋ᠦ᠍ ᠬᠤᠪᠢᠶᠠᠨ ᠵᠣᠬᠢᠶᠠᠨ ᠪᠠᠢᠭᠤᠯᠵᠤ ᠣᠷᠳᠣᠨ ᠳ᠋ᠠᠭᠠᠨ ᠪᠢᠴᠢᠭᠡᠴᠢ᠂ᠪᠠᠭᠤᠷᠴᠢ᠂ᠪᠢᠰᠬᠢᠭᠦᠷᠴᠢ᠂ᠳᠠᠭᠤᠴᠢ᠂ᠴᠠᠷᠭᠢᠴᠢ᠂ᠢᠯᠳᠦᠴᠢ᠂ᠳᠡᠪᠢᠰᠬᠡᠷᠴᠢ᠂ᠲᠠᠬᠢᠭᠴᠢ ᠵᠡᠷᠭᠡ ᠶᠢ ᠲᠣᠰᠲᠤᠰ ᠲᠣᠮᠢᠯᠠᠨ ᠲᠣᠬᠢᠷᠠᠭᠤᠯᠵᠠᠢ᠃ᠬᠤᠪᠢᠯᠠᠢ ᠬᠠᠭᠠᠨ ᠤ ᠦᠶᠡᠰ ᠠᠯᠲᠠᠨ ᠣᠴᠢᠴᠠᠷ᠂ᠬᠤᠲᠤᠲᠠᠷ᠂ᠶᠢᠰᠤᠨᠲᠡᠮᠦᠷ ᠵᠡᠷᠭᠡ ᠬᠡᠰᠢᠭᠲᠡᠨ ᠴᠡᠷᠢᠭ ᠦ᠋ᠨ ᠳᠥᠷᠪᠡᠨ ᠨᠣᠶᠠᠨ ᠨᠢ ᠬᠠᠭᠠᠨ ᠣᠷᠳᠣᠨ ᠤ᠋ ᠬᠠᠮᠤᠭ ᠤ᠋ᠨ ᠴᠢᠬᠤᠯᠠ ᠪᠣᠯᠬᠤ ᠲᠥᠪᠯᠡᠨ ᠵᠠᠰᠠᠬᠤ ᠶᠠᠮᠤᠨ ᠤ᠋ ᠪᠠᠷᠠᠭᠤᠨ ᠭᠠᠷ ᠤ᠋ᠨ ᠴᠢᠩᠰᠠᠩ᠂ᠦᠢᠯᠡ ᠲᠠᠰᠤᠯᠬᠤ ᠶᠠᠮᠤᠨ ᠤ᠋ ᠬᠡᠷᠡᠭ ᠮᠡᠳᠡᠭᠴᠢ᠂ ᠲᠥᠪᠯᠡᠨ ᠵᠠᠰᠠᠬᠤ ᠶᠠᠮᠤᠨ ᠤ᠋ ᠵᠠᠬᠢᠷᠤᠭᠴᠢ ᠨᠣᠶᠠᠨ᠂ ᠵᠠᠷᠭᠤ ᠰᠢᠢᠳᠬᠡᠬᠦ ᠶᠠᠮᠤᠨ ᠤ᠋ ᠳᠠᠢᠪᠠᠩ ᠲᠦᠰᠢᠮᠡᠯ ᠦ᠋ᠨ ᠲᠤᠰᠢᠶᠠᠯ ᠢ᠋ ᠬᠠᠷᠢᠭᠤᠴᠠᠵᠤ ᠪᠠᠢᠵᠠᠢ᠃
   ᠰᠠᠬᠢᠭᠤᠯ ᠤ᠋ᠨ ᠰᠢᠰᠲ᠋ᠧᠮ ᠦ᠋ᠨ ᠴᠡᠷᠢᠭ ᠨᠢ ᠪᠦᠬᠦ ᠤᠯᠤᠰ ᠤ᠋ᠨ ᠡᠯ᠎ᠡ ᠭᠠᠵᠠᠷ ᠪᠣᠯᠤᠨ ᠤᠯᠤᠰ ᠤ᠋ᠨ ᠬᠢᠯᠢ ᠬᠢᠵᠠᠭᠠᠷ ᠢ᠋ ᠰᠠᠬᠢᠨ ᠬᠠᠮᠠᠭᠠᠯᠠᠬᠤ ᠡᠭᠦᠷᠭᠡ ᠭᠦᠢᠴᠡᠳᠬᠡᠳᠡᠭ᠃ᠳᠡᠨᠮᠡᠴᠢ ᠴᠡᠷᠢᠭ᠄ ᠳᠡᠨᠮᠡᠴᠢ ᠴᠡᠷᠢᠭ ᠪᠣᠯ ᠡᠯ᠎ᠡ ᠮᠢᠩᠭᠠᠲᠤ ᠵᠠᠭᠤᠲᠤ ᠪᠠ ᠠᠢᠮᠠᠭ ᠠ᠋ᠴᠠ ᠰᠣᠩᠭᠣᠨ ᠠᠪᠤᠭᠰᠠᠨ ᠴᠡᠷᠢᠭ  ᠢᠶᠠᠷ ᠪᠠᠢᠭᠤᠯᠤᠭᠰᠠᠨ ᠰᠢᠯᠭᠠᠳᠠᠭ ᠴᠡᠷᠢᠭ ᠪᠣᠯᠤᠨ᠎ᠠ᠃ᠬᠡᠭᠡᠷᠡᠯᠡᠨ ᠪᠠᠢᠯᠳᠤᠬᠤ᠂ᠬᠣᠲᠠ ᠴᠠᠢᠵᠠ ᠶ᠋ᠢ ᠳᠣᠪᠲᠣᠯᠬᠤ ᠦᠶ᠎ᠡ ᠳ᠋ᠦ᠍ ᠬᠣᠰᠢᠭᠤᠴᠢ ᠪᠣᠯᠳᠠᠭ᠃ᠲᠡᠢᠨ ᠳᠠᠭᠤᠰᠪᠠᠯ ᠡᠵᠡᠯᠡᠭᠰᠡᠨ ᠤᠯᠤᠰ ᠣᠷᠣᠨ ᠢ᠋ ᠰᠠᠬᠢᠨ ᠰᠠᠭᠤᠳᠠᠭ ᠪᠠᠢᠪᠠ᠃ᠠᠯᠢ ᠡᠷᠲᠡ1217ᠣᠨ ᠳ᠋ᠤ᠌ ᠮᠤᠬᠤᠯᠠᠢ᠂ᠴᠢᠩᠭᠢᠰ ᠬᠠᠭᠠᠨ ᠤ᠋ ᠵᠠᠷᠯᠢᠭ ᠢ᠋ᠶ᠋ᠠᠷ ᠠᠯᠲᠠᠨ ᠤᠯᠤᠰ ᠢ᠋ ᠴᠣᠬᠢᠬᠤ ᠳ᠋ᠠᠭᠠᠨ ᠭᠣᠪᠢ ᠶ᠋ᠢᠨ ᠡᠮᠦᠨᠡᠬᠢ ᠣᠷᠤᠭᠤᠳ᠂ᠮᠠᠩᠭᠠᠳ᠂ᠵᠠᠯᠠᠢᠷ᠂ᠬᠣᠩᠭᠢᠷᠠᠳ᠂ᠢᠬᠢᠷᠡᠰ ᠲᠠᠪᠤᠨ ᠠᠢᠮᠠᠭ ᠤ᠋ᠨ ᠮᠢᠩᠭᠠᠲᠤ ᠵᠠᠭᠤᠲᠤ ᠶ᠋ᠢᠨ ᠳᠣᠲᠣᠷ᠎ᠠ ᠠ᠋ᠴᠠ ᠪᠠᠭᠠᠲᠤᠷ ᠱᠠᠯᠠᠮᠠᠭᠠᠢ ᠡᠷᠡᠰ ᠦ᠋ᠳ ᠢ᠋ ᠰᠣᠩᠭᠣᠵᠤ ᠲᠠᠪᠤᠨ ᠠᠢᠮᠠᠭ ᠤ᠋ᠨ ᠳᠡᠨᠮᠡᠴᠢ ᠴᠡᠷᠢᠭ  ᠢ ᠵᠣᠬᠢᠶᠠᠨ ᠪᠠᠢᠭᠤᠯᠤᠨ ᠬᠣᠰᠢᠭᠤᠴᠢ ᠪᠣᠯᠭᠠᠨ ᠲᠡᠢᠨ ᠪᠠᠢᠯᠳᠤᠭᠠᠨ ᠬᠢᠵᠦ ᠲᠡᠢᠨ ᠦ᠌ ᠭᠠᠪᠢᠶ᠎ᠠ ᠶ᠋ᠢ ᠦᠯᠡᠮᠵᠢ ᠣᠯᠠᠨ ᠪᠠᠢᠭᠤᠯᠤᠭᠰᠠᠨ ᠪᠠᠢᠵᠠᠢ᠃ᠲᠡᠢᠨ ᠦ᠌ ᠳᠠᠷᠠᠭ᠎ᠠ᠂ᠳᠤᠮᠳᠠᠳᠤ ᠣᠷᠣᠨ ᠳ᠋ᠤ᠌ ᠣᠷᠣᠵᠤ ᠲᠠᠷᠢᠶ᠎ᠠ ᠳᠠᠷᠢᠨ ᠰᠠᠬᠢᠨ ᠰᠠᠭᠤᠷᠢᠰᠢᠭᠰᠠᠨ ᠪᠢᠯᠡ᠃ᠥᠭᠡᠳᠡᠢ ᠬᠠᠭᠠᠨ ᠤ᠋ ᠦᠶ᠎ᠡ ᠳ᠋ᠦ᠍ ᠴᠣᠷᠮᠠᠭᠠᠨ᠂ᠬᠠᠭᠠᠨ ᠤ᠋ ᠵᠠᠷᠯᠢᠭ ᠢ᠋ᠶ᠋ᠠᠷ ᠫᠧᠷᠰ ᠢ᠋ ᠳᠠᠢᠯᠠᠷ᠎ᠠ ᠮᠣᠷᠳᠠᠭᠠᠳ ᠳᠡᠨᠮᠡᠴᠢ ᠴᠡᠷᠢᠭ ᠲᠡᠢ ᠪᠡᠨ ᠲᠤᠰ ᠭᠠᠵᠠᠷ ᠢ᠋ ᠰᠠᠬᠢᠨ ᠰᠠᠭᠤᠭᠰᠠᠨ ᠶᠤᠮ᠃ᠶᠢᠰᠤᠨᠳᠡᠷ ᠪᠠᠰᠠ ᠴᠡᠷᠢᠭ ᠠᠪᠴᠤ ᠭᠠᠤᠯᠢ ᠤᠯᠤᠰ ᠢ᠋ ᠳᠠᠢᠯᠠᠭᠠᠳ ᠳᠡᠨᠮᠡᠴᠢ ᠴᠡᠷᠢᠭ ᠲᠡᠢ ᠪᠡᠨ ᠦᠯᠡᠳᠡᠨ ᠰᠠᠬᠢᠭᠰᠠᠨ ᠶᠤᠮ᠃ᠶᠤᠸᠠᠨ ᠤᠯᠤᠰ ᠤ᠋ᠨ ᠦᠶ᠎ᠡ ᠳ᠋ᠦ᠍ ᠲᠠᠨᠮᠠᠴᠢ ᠴᠡᠷᠢᠭ ᠦ᠋ᠨ ᠣᠷᠣᠨ ᠲᠣᠭ᠎ᠠ ᠶ᠋ᠢ ᠤᠤᠯ ᠬᠡᠪ ᠢ᠋ᠶ᠋ᠡᠷ ᠨᠢ ᠦᠯᠡᠳᠡᠭᠡᠭᠰᠡᠭᠡᠷ ᠪᠠᠢᠵᠠᠢ᠃ᠶᠤᠸᠠᠨ ᠤᠯᠤᠰ ᠤ᠋ᠨ ᠶᠣᠰᠣ ᠳᠦᠷᠢᠮ ᠤᠯᠠᠮ ᠢ᠋ᠶ᠋ᠠᠷ ᠲᠡᠭᠦᠯᠳᠡᠷᠵᠢᠨ ᠪᠦᠷᠢᠳᠬᠦ ᠶ᠋ᠢ ᠳᠠᠭᠠᠯᠳᠤᠨ ᠨᠣᠶᠠᠳ ᠲᠦᠰᠢᠮᠡᠳ ᠲᠣᠷ ᠵᠡᠷᠭᠡ ᠳᠡᠰ ᠲᠡᠢ ᠪᠣᠯᠵᠤ ᠴᠠᠯᠢᠩ ᠹᠦᠩᠯᠦ ᠳ᠋ᠦ᠍ᠷ ᠳᠡᠰ ᠢᠯᠭᠠᠯ ᠲᠠᠢ ᠪᠣᠯᠪᠠ᠃ᠬᠤᠶᠠᠭ ᠴᠡᠷᠢᠭ ᠦ᠋ᠨ ᠶᠤᠸᠠᠨᠱᠤᠸᠠᠢ ᠶ᠋ᠢᠨ  ᠣᠷᠳᠣᠨ᠂ᠲᠦᠮᠡᠲᠦ ᠶ᠋ᠢᠨ ᠨᠣᠶᠠᠨ ᠤ᠋ ᠣᠷᠳᠣᠨ᠂ᠮᠢᠩᠭᠠᠲᠤ ᠶ᠋ᠢᠨ ᠨᠣᠶᠠᠨ ᠤ᠋ ᠶᠠᠮᠤᠨ ᠳ᠋ᠤ᠌ ᠪᠦᠷ ᠳᠠᠷᠤᠭᠠᠴᠢ ᠨᠣᠶᠠᠨ ᠢ᠋ ᠲᠣᠮᠢᠯᠠᠵᠤ ᠴᠡᠷᠢᠭ ᠦ᠋ᠨ ᠦᠢᠯᠡ ᠶ᠋ᠢ ᠵᠠᠬᠢᠷᠤᠭᠤᠯᠵᠠᠢ᠃ᠲᠡᠭᠦᠨ ᠦ᠌ ᠳᠡᠰ ᠹᠦᠩᠯᠦ ᠨᠢ ᠶᠤᠸᠠᠨᠱᠤᠸᠠᠢ᠂ᠲᠦᠮᠡᠲᠦ ᠶ᠋ᠢᠨ ᠨᠣᠶᠠᠨ᠂ᠮᠢᠩᠭᠠᠨ ᠤ᠋ ᠨᠣᠶᠠᠨ ᠤ᠋ ᠬᠢ ᠲᠡᠢ ᠠᠳᠠᠯᠢ ᠳᠡᠰ ᠲᠡᠢ ᠪᠠᠢᠪᠠ᠃ᠲᠦᠮᠡᠲᠦ᠂ᠮᠢᠩᠭᠠᠲᠤ᠂ᠵᠠᠭᠤᠲᠤ ᠶ᠋ᠢᠨ ᠨᠣᠶᠠᠨ ᠢ᠋ ᠳᠡᠭᠡᠳᠦ᠂ᠳᠤᠮᠳᠠᠳᠤ᠂ᠳᠣᠣᠷᠠᠲᠤ ᠭᠤᠷᠪᠠᠨ ᠳᠡᠰ ᠢ᠋ᠶ᠋ᠡᠷ ᠬᠤᠪᠢᠶᠠᠭᠰᠠᠨ ᠶᠤᠮ᠃ᠲᠡᠳᠡᠨ ᠦ᠌ ᠱᠣᠰᠢᠭ᠎ᠠ ᠴᠠᠮᠴᠤᠭ ᠨᠢ ᠠᠯᠲᠠ᠂ᠮᠥᠩᠭᠥ᠂ᠪᠠᠷᠰ ᠤ᠋ᠨ ᠭᠤᠷᠪᠠᠨ ᠳᠡᠰ ᠲᠡᠢ᠃ᠲᠦᠮᠡᠲᠦ ᠶ᠋ᠢᠨ ᠨᠣᠶᠠᠳ ᠨᠢ ᠲᠣᠯᠣᠭᠠᠢ ᠳ᠋ᠠᠭᠠᠨ ᠭᠡᠭᠡᠨ ᠰᠤᠪᠤᠳ ᠰᠢᠭᠢᠳᠬᠡᠭᠡ ᠲᠡᠢ᠂ᠬᠡᠪᠲᠡᠭᠡ ᠪᠠᠷᠰ ᠤ᠋ᠨ ᠬᠡᠯᠪᠡᠷᠢ ᠲᠡᠢ ᠠᠯᠲᠠᠨ ᠪᠠᠷᠰ ᠤ᠋ᠨ ᠱᠣᠰᠢᠭ᠎ᠠ ᠵᠡᠭᠦᠬᠦ ᠪᠥᠭᠡᠳ ᠰᠤᠪᠤᠳ ᠰᠢᠭᠢᠳᠬᠡᠭᠡ ᠨᠢ᠂ᠬᠣᠶᠠᠷ᠂ᠭᠤᠷᠪᠠ᠂ᠨᠢᠭᠡ ᠶ᠋ᠢᠨ ᠢᠯᠭᠠᠯ ᠲᠠᠢ᠃ᠮᠢᠩᠭᠠᠲᠤ ᠶ᠋ᠢᠨ ᠨᠣᠶᠠᠳ ᠨᠢ ᠠᠯᠲᠠᠨ ᠱᠣᠰᠢᠭ᠎ᠠ ᠵᠡᠭᠦᠵᠦ ᠵᠠᠭᠤᠲᠤ ᠶ᠋ᠢᠨ ᠨᠣᠶᠠᠳ ᠨᠢ ᠮᠥᠩᠭᠥᠨ ᠱᠣᠰᠢᠭ᠎ᠠ ᠵᠡᠭᠦᠨ᠎ᠡ᠃ᠵᠠᠩᠵᠤᠨ ᠶᠤᠸᠠᠨᠱᠤᠸᠠᠢ ᠨᠠᠷ ᠢ᠋ ᠲᠡᠳᠡᠨ ᠦ᠌ ᠵᠠᠬᠢᠷᠴᠤ ᠪᠠᠢᠭᠰᠠᠨ ᠡᠷᠦᠬᠡ ᠶ᠋ᠢᠨ ᠬᠢᠨᠢ ᠲᠣᠭ᠎ᠠ ᠪᠠᠷ ᠵᠠᠭᠤᠲᠤ᠂ᠮᠢᠩᠭᠠᠲᠤ᠂ᠲᠦᠮᠡᠲᠦ ᠶ᠋ᠢᠨ ᠨᠣᠶᠠᠨ ᠭᠡᠵᠦ ᠭᠤᠷᠪᠠᠨ ᠳᠡᠰ ᠬᠤᠪᠢᠶᠠᠨ ᠳᠠᠭᠤᠳᠠᠳᠠᠭ ᠪᠠᠢᠪᠠ᠃ᠬᠤᠶᠠᠭ ᠴᠡᠷᠢᠭ ᠢ᠋ ᠪᠠᠰᠠ ᠮᠡᠷᠭᠡᠵᠢᠯ ᠴᠢᠳᠠᠪᠤᠷᠢ ᠪᠠᠷ ᠨᠢ ᠫᠤᠤᠴᠢ᠂ᠬᠠᠷᠪᠤᠭᠠᠴᠢ᠂ᠤᠰᠤᠴᠢ ᠭᠡᠬᠦ ᠵᠡᠷᠭᠡ ᠪᠡᠷ ᠢᠯᠭᠠᠨ ᠨᠡᠷᠡᠯᠡᠳᠡᠭ ᠪᠢᠯᠡ᠃ᠴᠡᠷᠢᠭ ᠬᠥᠳᠡᠯᠦᠨ ᠲᠡᠢᠨ ᠲᠤᠯᠤᠯᠳᠤᠭᠠᠨ ᠳ᠋ᠤ᠌ ᠮᠣᠷᠳᠠᠬᠤ ᠴᠢᠬᠤᠯᠠ ᠶᠠᠪᠤᠳᠠᠯ ᠢ᠋ ᠪᠢᠳᠡᠭᠦᠮᠵᠢᠳᠦ ᠪᠢᠴᠢᠭ ᠲᠦ᠍ ᠰᠡᠢᠷᠡᠭᠦᠯᠦᠨ ᠪᠢᠴᠢᠵᠦ ᠤᠯᠠᠮᠵᠢᠯᠠᠳᠠᠭ ᠪᠤᠶᠤ᠃1279ᠣᠨ ᠳ᠋ᠤ᠌ ᠪᠠᠷᠰ ᠤ᠋ᠨ ᠰᠦᠷᠲᠦ ᠴᠡᠷᠢᠭ ᠢ᠋ ᠵᠣᠬᠢᠶᠠᠨ ᠪᠠᠢᠭᠤᠯᠵᠤ ᠨᠡᠢᠰᠯᠡᠯ ᠢ᠋ ᠬᠠᠮᠠᠭᠠᠯᠠᠬᠤ ᠰᠠᠬᠢᠭᠤᠯ ᠴᠡᠷᠢᠭ ᠦ᠋ᠨ ᠨᠢᠭᠡᠨ ᠲᠥᠷᠥᠯ ᠪᠣᠯᠭᠠᠪᠠ᠃ᠶᠤᠸᠠᠨ ᠤᠯᠤᠰ ᠤ᠋ᠨ ᠦᠶ᠎ᠡ ᠳ᠋ᠡᠬᠢ ᠭᠣᠪᠢ ᠶ᠋ᠢᠨ ᠠᠷᠤ ᠥᠪᠥᠷ ᠦ᠋ᠨ ᠮᠣᠩᠭᠣᠯᠴᠤᠳ ᠮᠥᠨ ᠯᠡ ᠴᠡᠷᠢᠭ ᠢᠷᠭᠡᠨ ᠢ᠋ ᠬᠣᠣᠰᠯᠠᠭᠤᠯᠤᠭᠰᠠᠨ ᠨᠡᠭᠦᠳᠡᠯᠯᠡᠨ ᠮᠠᠯᠵᠢᠬᠤ ᠠᠮᠢᠳᠤᠷᠠᠯ ᠢ᠋ ᠬᠢᠵᠦ ᠲᠡᠢᠨ ᠦ᠌ ᠦᠶ᠎ᠡ ᠳ᠋ᠦ᠍ ᠪᠣᠯ ᠵᠡᠪᠰᠡᠭ ᠠᠳᠬᠤᠨ ᠲᠡᠢᠨ ᠳ᠋ᠦ᠍ ᠮᠣᠷᠳᠠᠵᠤ᠂ᠲᠠᠢᠪᠤᠩ ᠴᠠᠭ ᠲᠤ᠌ ᠪᠣᠯ ᠤᠷᠭ᠎ᠠ ᠲᠣᠬᠣᠢᠯᠠᠨ ᠮᠠᠯ ᠮᠠᠯᠵᠢᠨ ᠠᠵᠤ ᠲᠥᠷᠥᠵᠦ ᠪᠠᠢᠭᠰᠠᠨ ᠶᠤᠮ᠃ ᠮᠣᠩᠭᠣᠯ ᠤᠭᠰᠠᠭᠠᠲᠠᠨ ᠤ᠋ ᠣᠪᠣᠭ ᠠᠢᠮᠠᠭ ᠨᠢ ᠮᠢᠩᠭᠠᠲᠤ᠂ᠵᠠᠭᠤᠲᠤ᠂ᠠᠷᠪᠠᠲᠤ ᠭᠡᠬᠦ ᠠᠷᠪᠠᠲᠤ ᠶ᠋ᠢᠨ ᠳᠦᠷᠢᠮ ᠦ᠋ᠨ ᠵᠣᠬᠢᠶᠠᠨ ᠪᠠᠢᠭᠤᠯᠤᠯᠲᠠ ᠶ᠋ᠢᠨ ᠶᠣᠰᠣᠭᠠᠷ ᠶᠡᠬᠡ ᠲᠥᠯᠥᠪ ᠲᠣᠭᠲᠠᠭᠰᠠᠨ ᠪᠡᠯᠴᠢᠭᠡᠷ ᠦ᠋ᠨ ᠬᠦᠷᠢᠶ᠎ᠡ ᠬᠡᠪᠴᠢᠶᠡᠨ ᠳᠣᠲᠣᠷ᠎ᠠ ᠪᠠᠨ ᠮᠠᠯᠵᠢᠨ ᠨᠤᠲᠤᠭᠯᠠᠵᠤ ᠮᠢᠩᠭᠠᠲᠤ᠂ᠵᠠᠭᠤᠲᠤ᠂ᠠᠷᠪᠠᠲᠤ ᠶ᠋ᠢᠨ ᠨᠣᠶᠠᠳ ᠳᠠᠷᠤᠭᠠᠴᠢ ᠶ᠋ᠢᠨ ᠵᠠᠬᠢᠷᠤᠯ ᠢ᠋ ᠬᠦᠯᠢᠶᠡᠳᠡᠭ ᠪᠠᠢᠭᠰᠠᠨ ᠪᠥᠭᠡᠳ ᠳᠡᠭᠡᠳᠦ ᠳᠣᠣᠷᠠᠲᠤ ᠱᠠᠲᠤᠨ ᠤ᠋ ᠬᠢᠨ ᠬᠣᠭᠣᠷᠣᠨᠳᠣ ᠪᠠᠨ ᠵᠠᠬᠢᠷᠬᠤ ᠵᠠᠬᠢᠷᠤᠭᠳᠠᠬᠤ ᠨᠠᠷᠢᠨ ᠴᠢᠩᠭ᠎ᠠ ᠬᠠᠷᠢᠴᠠᠭ᠎ᠠ ᠬᠣᠯᠪᠣᠭ᠎ᠠ ᠪᠠᠷ ᠪᠡᠬᠢᠯᠡᠭᠳᠡᠭᠰᠡᠨ ᠪᠠᠢᠪᠠ᠃ᠲᠡᠢᠨ ᠬᠢᠬᠦ ᠦᠶᠡᠰ ᠲᠦ᠍ ᠭᠡᠷ ᠲᠦ᠍ᠷ15 ᠨᠠᠰᠤᠨ ᠠ᠋ᠴᠠ ᠳᠡᠭᠡᠭᠰᠢ᠂70ᠨᠠᠰᠤᠨ ᠠ᠋ᠴᠠ ᠳᠣᠷᠣᠭᠰᠢ ᠨᠠᠰᠤᠨ ᠤ᠋ ᠡᠷ᠎ᠡ ᠬᠥᠮᠦᠨ ᠪᠠᠢᠪᠠᠰᠤ ᠲᠡᠭᠦᠨ ᠢ᠋ ᠣᠯᠠᠨ ᠴᠥᠭᠡᠨ ᠭᠡᠮᠡᠨ ᠢᠯᠭᠠᠯ ᠦᠭᠡᠢ ᠴᠥᠮ ᠡᠯᠰᠡᠵᠦ ᠴᠡᠷᠢᠭ ᠲᠦ᠍ᠷ ᠮᠣᠷᠳᠠᠭᠤᠯᠤᠮᠤᠢ᠃ᠴᠡᠷᠢᠭ ᠦ᠋ᠨ ᠠᠯᠢᠪᠠ ᠵᠠᠷ ᠵᠡᠪᠰᠡᠭ᠂ᠵᠠᠷᠤᠳᠠᠯ ᠬᠡᠷᠡᠭᠰᠡᠯ᠂ᠤᠨᠤᠭ᠎ᠠ ᠬᠦᠯᠦᠭ ᠢ᠋ ᠴᠥᠮ ᠥᠪᠡᠰᠦᠪᠡᠨ ᠪᠡᠯᠡᠳᠬᠡᠬᠦ ᠪᠥᠭᠡᠳ ᠲᠣᠭᠲᠠᠭᠰᠠᠨ ᠴᠠᠯᠢᠩ ᠮᠥᠩᠭᠥ ᠭᠡᠵᠦ ᠥᠭᠳᠡᠭ ᠦᠭᠡᠢ᠃

ᠶᠤᠸᠠᠨ ᠤᠯᠤᠰ ᠤ᠋ᠨ ᠦᠬᠡᠷ ᠫᠣᠤᠲᠤ ᠴᠡᠷᠢᠭ

   ᠪᠣᠭᠣᠮᠲᠠ ᠴᠠᠢᠵᠠ ᠶ᠋ᠢ ᠡᠪᠳᠡᠬᠦ᠂ᠬᠣᠲᠠ ᠪᠠᠯᠭᠠᠰᠤ ᠶ᠋ᠢ ᠴᠣᠬᠢᠬᠤ ᠳ᠋ᠤ᠌ ᠵᠣᠬᠢᠴᠠᠭᠤᠯᠬᠤ ᠶ᠋ᠢᠨ ᠲᠥᠯᠥᠭᠡ ᠠᠯᠢ ᠡᠷᠲᠡ ᠴᠢᠩᠭᠢᠰ ᠬᠠᠭᠠᠨ ᠤ᠋ ᠦᠶᠡᠰ ᠦᠬᠡᠷ ᠫᠤᠤ ᠦᠢᠯᠡᠳᠴᠦ ᠫᠣᠤᠲᠤ ᠴᠡᠷᠢᠭ ᠪᠠᠢᠭᠤᠯᠬᠤ ᠪᠠᠷ ᠲᠣᠭᠲᠠᠵᠤ ᠡᠬᠢᠯᠡᠨ ᠬᠢᠭᠰᠡᠨ ᠪᠠᠢᠵᠠᠢ᠃ᠲᠤᠬᠠᠢ ᠶ᠋ᠢᠨ ᠦᠶᠡᠰ ᠥᠨᠳᠥᠷ ᠬᠡᠷᠡᠮ ᠪᠠᠲᠤ ᠪᠡᠬᠢᠯᠡᠯᠲᠡ ᠲᠣᠬᠢᠶᠠᠯᠳᠤᠪᠠᠯ ᠣᠯᠠᠩᠬᠢ ᠪᠠᠢᠳᠠᠯ ᠳᠣᠣᠷ᠎ᠠ ᠪᠦᠰᠡᠯᠡᠨ ᠪᠣᠭᠣᠮᠢᠯᠠᠬᠤ᠂ᠨᠦᠬᠡᠨ ᠵᠠᠮ ᠡᠷᠦᠬᠦ᠂ᠲᠣᠭᠣᠷᠢᠨ ᠭᠠᠷᠬᠤ ᠠᠷᠭ᠎ᠠ ᠶ᠋ᠢ ᠠᠪᠴᠤ ᠪᠠᠢᠭᠰᠠᠨ ᠶᠤᠮ᠃ᠴᠢᠩᠭᠢᠰ ᠬᠠᠭᠠᠨ ᠥᠨᠳᠥᠷ ᠬᠡᠷᠡᠮ ᠪᠠᠲᠤ ᠴᠠᠢᠵᠠ ᠶ᠋ᠢ ᠡᠪᠳᠡᠬᠦ ᠶ᠋ᠢᠨ ᠲᠥᠯᠥᠭᠡ ᠣᠯᠠᠨ ᠵᠠᠩᠵᠤᠨ ᠰᠠᠢᠳ ᠲᠠᠢ ᠪᠠᠨ ᠵᠥᠪᠳᠡᠵᠦ ᠦᠬᠡᠷ ᠫᠤᠤ ᠦᠢᠯᠡᠳᠬᠦ ᠲᠥᠰᠥᠪ ᠭᠠᠷᠭᠠᠵᠤ ᠲᠡᠮᠦᠷ ᠦ᠋ᠨ ᠳᠠᠷᠬᠠᠨ᠂ᠴᠢᠯᠠᠭᠤᠨ ᠤ᠋ ᠳᠠᠷᠬᠠᠨ᠂ᠮᠣᠳᠣᠨ ᠤ᠋ ᠳᠠᠷᠬᠠᠨ ᠢ᠋ ᠴᠤᠭᠯᠠᠭᠤᠯᠤᠨ ᠦᠬᠡᠷ ᠫᠤᠤ ᠬᠢᠵᠦ ᠦᠬᠡᠷ ᠫᠣᠤᠲᠤ ᠴᠡᠷᠢᠭ ᠪᠠᠢᠭᠤᠯᠪᠠ᠃ᠲᠡᠷᠡ ᠦᠬᠡᠷ ᠫᠤᠤ ᠨᠢ ᠭᠠᠯᠲᠤ ᠵᠡᠪᠰᠡᠭ ᠪᠢᠰᠢ᠂ᠬᠠᠷᠢᠨ ᠴᠢᠯᠠᠭᠤ ᠰᠢᠳᠡᠬᠦ ᠪᠠᠭᠠᠵᠢ ᠶ᠋ᠢᠨ ᠨᠡᠷᠡᠢᠳᠦᠯ ᠪᠠᠢᠵᠠᠢ᠃
   ᠬᠤᠪᠢᠯᠠᠢ ᠰᠡᠴᠡᠨ ᠬᠠᠭᠠᠨ ᠤ᠋ ᡁᠢ ᠵᠧᠩ ᠦ᠋ᠨ ᠴᠠᠭᠠᠭᠴᠢᠨ ᠲᠠᠤᠯᠠᠢ ᠵᠢᠯ(1341ᠣᠨ)ᠬᠦᠴᠦ ᠴᠢᠳᠠᠯ ᠨᠢ ᠯᠤᠲᠤ ᠶᠡᠬᠡ ᠭᠠᠯᠲᠤ ᠦᠬᠡᠷ ᠫᠤᠤ ᠶ᠋ᠢ ᠵᠣᠬᠢᠶᠠᠨ ᠪᠦᠲᠦᠭᠡᠵᠦ ᠥᠷᠥᠨᠡᠳᠠᠬᠢᠨ ᠪᠠ ᠡᠮᠦᠨᠡᠰᠢ ᠳᠠᠢᠯᠠᠬᠤ ᠲᠡᠢᠨ ᠲᠤᠯᠤᠯᠳᠤᠭᠠᠨ ᠳ᠋ᠤ᠌ ᠬᠡᠷᠡᠭᠯᠡᠪᠡ᠃ᠡᠨᠡ ᠬᠦ᠌ ᠦᠬᠡᠷ ᠫᠤᠤ ᠶ᠋ᠢᠨ ᠤᠷᠲᠤ ᠨᠢ2ᠵᠠᠩ8ᠲᠣᠬᠣᠢ125ᠴᠢᠷᠬᠦ ᠲᠡᠢ᠂250ᠴᠢᠷᠬᠦ ᠴᠡᠷᠢᠭ ᠲᠡᠢ᠃ᠡᠳᠡᠭᠡᠷ ᠦᠬᠡᠷ ᠫᠤᠤ ᠶ᠋ᠢ ᠮᠠᠰᠢ ᠲᠦᠷᠭᠡᠨ ᠪᠤᠰᠬᠠᠨ ᠤᠭᠰᠠᠷᠠᠨ ᠰᠠᠭᠤᠯᠭᠠᠵᠤ᠂ᠴᠢᠯᠠᠭᠤᠨ ᠰᠤᠮᠤ ᠴᠡᠨᠡᠭᠯᠡᠵᠦ ᠬᠠᠷᠪᠤᠳᠠᠭ ᠢ᠋ᠶ᠋ᠠᠷ ᠦᠯᠦ ᠪᠠᠷᠠᠮ ᠪᠠᠰᠠ ᠲᠣᠮᠣ ᠭᠠᠯᠲᠤ ᠪᠥᠮᠪᠥᠭᠡ ᠶ᠋ᠢ ᠬᠠᠷᠪᠤᠨ ᠶᠠᠪᠤᠭᠤᠯᠳᠠᠭ ᠲᠤᠯᠠ ᠰᠦᠷ ᠬᠦᠴᠦ ᠨᠢ ᠶᠡᠬᠡ᠂ᠥᠨᠳᠥᠷ ᠬᠡᠷᠡᠮ ᠪᠠᠲᠤ ᠴᠠᠢᠵᠠ ᠶ᠋ᠢ ᠡᠪᠳᠡᠬᠦ ᠴᠢᠬᠤᠯᠠ ᠵᠡᠪᠰᠡᠭ ᠪᠣᠯᠪᠠ᠃ᠲᠤᠬᠠᠢ ᠦᠶᠡᠰ ᠦ᠋ᠨ ᠶᠡᠬᠡ ᠲᠡᠢᠨ ᠲᠤᠯᠤᠯᠳᠤᠭᠠᠨ ᠳ᠋ᠤ᠌ ᠦᠬᠡᠷ ᠫᠤᠤ ᠪᠠ ᠦᠬᠡᠷ ᠫᠣᠤᠲᠤ ᠴᠡᠷᠢᠭ ᠴᠢᠬᠤᠯᠠ ᠶᠡᠬᠡ ᠦᠢᠯᠡᠳᠦᠯ ᠭᠠᠷᠭᠠᠵᠤ ᠪᠠᠢᠯᠳᠤᠭᠠᠨ ᠤ᠋ ᠢᠯᠠᠯᠲᠠ ᠣᠯᠬᠤ ᠳ᠋ᠤ᠌ ᠪᠠᠲᠤᠯᠠᠭ᠎ᠠ ᠪᠣᠯᠵᠤ ᠪᠠᠢᠪᠠ᠃ᠶᠤᠸᠠᠨ ᠤᠯᠤᠰ ᠤ᠋ᠨ ᠦᠶ᠎ᠡ ᠳ᠋ᠦ᠍ ᠦᠬᠡᠷ ᠫᠤᠤ ᠪᠠ ᠦᠬᠡᠷ ᠫᠣᠤᠲᠤ ᠴᠡᠷᠢᠭ ᠠᠩᠭᠢ ᠶ᠋ᠢ ᠲᠤᠰᠬᠠᠢᠯᠠᠨ ᠵᠠᠬᠢᠷᠬᠤ ᠶᠤᠸᠠᠨᠱᠤᠸᠠᠢ ᠲᠠᠢ ᠪᠠᠢᠪᠠ᠃

ᠶᠤᠸᠠᠨ ᠤ᠋ ᠬᠠᠤᠯᠢ ᠴᠠᠭᠠᠵᠠ

  ᠶᠤᠸᠠᠨ ᠤᠯᠤᠰ ᠤ᠋ᠨ ᠡᠷᠡᠭᠦᠦ ᠶ᠋ᠢᠨ ᠬᠠᠤᠯᠢ ᠨᠢ ᠣᠯᠠᠨ ᠦᠨᠳᠦᠰᠦᠲᠡᠨ ᠦ᠌ ᠬᠠᠤᠯᠢ ᠳᠦᠷᠢᠮ ᠦ᠋ᠨ ᠪᠦᠷᠢᠯᠳᠦᠬᠦᠨ ᠢ᠋ ᠪᠠᠭᠲᠠᠭᠠᠨ ᠣᠷᠣᠭᠤᠯᠤᠭᠰᠠᠨ ᠶᠤᠮ᠃ᠮᠣᠩᠭᠣᠯ ᠦᠨᠳᠦᠰᠦᠲᠡᠨ ᠨᠢ ᠮᠣᠩᠭᠣᠯ ᠤ᠋ᠨ ᠬᠠᠤᠯᠢ ᠪᠠᠨ ᠬᠡᠷᠡᠭᠵᠢᠭᠦᠯᠵᠡᠢ᠃ᠥᠭᠡᠷ᠎ᠡ ᠪᠡᠷ ᠬᠡᠯᠡᠪᠡᠯ ᠶᠡᠬᠡ ᠡᠷᠲᠡᠨ ᠦ᠌ ᠣᠯᠠᠨ ᠠᠢᠮᠠᠭ ᠤ᠋ᠳ ᠤ᠋ᠨ ᠦᠶ᠎ᠡ ᠡᠴᠡ ᠤᠯᠠᠮᠵᠢᠯᠠᠭᠳᠠᠵᠤ ᠢᠷᠡᠭᠰᠡᠨ ᠵᠠᠩᠰᠢᠯ ᠤ᠋ᠨ ᠬᠠᠤᠯᠢ ᠪᠣᠯᠤᠨ ᠴᠢᠩᠭᠢᠰ ᠬᠠᠭᠠᠨ ᠤ᠋ ᠦᠶ᠎ᠡ ᠡᠴᠡ ᠤᠳᠠᠭ᠎ᠠ ᠳᠠᠷᠠᠭ᠎ᠠ ᠪᠠᠷ ᠨᠡᠢᠲᠡᠯᠡᠭᠰᠡᠨ ᠶᠡᠬᠡ ᠵᠠᠰᠠᠭ ᠢ᠋ ᠬᠡᠷᠡᠭᠵᠢᠭᠦᠯᠦᠨ᠎ᠡ᠃ ᠬᠣᠲᠣᠩᠴᠤᠳ ᠨᠢ ᠬᠣᠲᠣᠩ ᠤ᠋ᠨ ᠬᠠᠤᠯᠢ᠂ᠬᠢᠲᠠᠳ ᠦᠨᠳᠦᠰᠦᠲᠡᠨ ᠨᠢ ᠲᠡᠢ ᠾᠧ ᠶ᠋ᠢᠨ ᠬᠠᠤᠯᠢ ᠶ᠋ᠢ ᠬᠡᠷᠡᠭᠵᠢᠭᠦᠯᠪᠡ᠃ᠶᠤᠸᠠᠨ ᠤ᠋ ᠬᠠᠤᠯᠢ ᠨᠢ ᠣᠯᠠᠨ ᠦᠶ᠎ᠡ ᠶ᠋ᠢᠨ ᠲᠥᠷᠥ ᠭᠦᠷᠦᠨ ᠦ᠌ ᠤᠯᠠᠮᠵᠢᠯᠠᠯᠲᠤ ᠡᠷᠡᠭᠦᠦ ᠶ᠋ᠢᠨ ᠬᠠᠤᠯᠢ ᠶ᠋ᠢᠨ ᠰᠢᠯᠢᠳᠡᠭ ᠲᠠᠯ᠎ᠠ ᠶ᠋ᠢ ᠤᠯᠠᠮᠵᠢᠯᠠᠨ ᠠᠪᠴᠤ ᠵᠠᠯᠭᠠᠮᠵᠢᠯᠠᠨ ᠬᠥᠭᠵᠢᠭᠦᠯᠦᠭᠡᠳ ᠡᠷᠡᠭᠦᠦ ᠶ᠋ᠢᠨ ᠬᠡᠷᠡᠭ ᠢ᠋ ᠰᠢᠯᠭᠠᠨ ᠪᠠᠢᠴᠠᠭᠠᠬᠤ ᠠᠷᠭ᠎ᠠ ᠪᠠᠷᠢᠯ ᠢ᠋ ᠨᠡᠯᠢᠶᠡᠳ ᠲᠡᠭᠦᠯᠳᠡᠷᠵᠢᠭᠦᠯᠵᠦ ᠮᠠᠨ ᠤ᠋ ᠤᠯᠤᠰ ᠤ᠋ᠨ ᠲᠡᠦᠬᠡᠨ ᠳ᠋ᠦ᠍ ᠬᠠᠮᠤᠭ ᠡᠷᠲᠡ ᠡᠷᠡᠭᠦᠦ ᠶ᠋ᠢᠨ ᠬᠠᠤᠯᠢ ᠶ᠋ᠢ ᠰᠢᠰᠲ᠋ᠧᠮᠵᠢᠭᠦᠯᠦᠭᠰᠡᠨ ᠠᠵᠢ᠃
   ᠵᠦᠩ ᠲᠦᠩ ᠦ᠋ᠨ ᠡᠬᠢᠨ ᠦ᠌ ᠦᠶ᠎ᠡ ᠳ᠋ᠦ᠍ ᠬᠤᠪᠢᠯᠠᠢ ᠰᠡᠴᠡᠨ ᠬᠠᠭᠠᠨ᠂ᠤᠷᠢᠳᠤ ᠦᠶ᠎ᠡ ᠶ᠋ᠢᠨ ᠬᠠᠤᠯᠢ ᠵᠠᠰᠠᠭ ᠢ ᠨᠠᠷᠢᠨ ᠢ᠋ᠶ᠋ᠠᠷ  ᠨᠢᠭᠲᠠᠯᠠᠨ ᠰᠤᠳᠤᠯᠵᠤ ᠬᠠᠭᠠᠨ ᠣᠷᠳᠣᠨ ᠳ᠋ᠤ᠌ ᠦᠢᠯᠡᠴᠢᠯᠡᠬᠦ ᠠᠯᠪᠠᠨ ᠶᠠᠮᠤᠨ ᠢ᠋ ᠪᠠᠢᠭᠤᠯᠪᠠ᠃ᠬᠠᠭᠠᠨ ᠣᠷᠳᠣᠨ ᠤ᠋ ᠪᠦᠬᠦ ᠡᠷᠬᠡ ᠶ᠋ᠢ ᠲᠥᠪᠯᠡᠨ ᠵᠠᠰᠠᠬᠤ᠂ᠦᠢᠯᠡ ᠲᠠᠰᠤᠯᠬᠤ᠂ ᠵᠠᠷᠭᠤ ᠰᠢᠢᠳᠬᠡᠬᠦ ᠭᠤᠷᠪᠠᠨ ᠶᠠᠮᠤᠨ ᠳ᠋ᠤ᠌ ᠲᠥᠪᠯᠡᠷᠡᠭᠦᠯᠵᠦ ᠲᠡᠭᠦᠨ ᠦ᠌ ᠳᠣᠣᠷ᠎ᠠ ᠠᠯᠪᠠ ᠭᠦᠢᠴᠡᠳᠬᠡᠬᠦ ᠪᠠᠢᠭᠤᠯᠤᠮᠵᠢ ᠶ᠋ᠢ ᠭᠠᠷᠭᠠᠵᠠᠢ᠃ᡁᠢ ᠶᠤᠸᠠᠨ ᠤ᠋ ᠲᠡᠷᠢᠭᠦᠨ ᠣᠨ(1264ᠣᠨ) ᠤ᠋ ᠠᠷᠪᠠᠨ ᠬᠣᠶᠠᠳᠤᠭᠠᠷ ᠰᠠᠷ᠎ᠠ ᠳ᠋ᠤ᠌ ᠣᠯᠠᠨ ᠮᠣᠵᠢ ᠶ᠋ᠢᠨ ᠡᠵᠡᠨ ᠦ᠌ ᠦᠶ᠎ᠡ ᠵᠠᠯᠭᠠᠮᠵᠢᠯᠠᠬᠤ ᠶᠣᠰᠣ ᠶ᠋ᠢ ᠬᠦᠴᠦᠨ ᠦᠭᠡᠢ ᠪᠣᠯᠭᠠᠵᠤ ᠰᠢᠯᠵᠢᠭᠦᠯᠦᠨ ᠳᠡᠪᠰᠢᠭᠦᠯᠬᠦ ᠬᠠᠤᠯᠢ ᠶ᠋ᠢ ᠬᠡᠷᠡᠭᠵᠢᠭᠦᠯᠪᠡ᠃ᡁᠢ ᠶᠤᠸᠠᠨ ᠤ᠋ ᠠᠷᠪᠠᠨ ᠳᠥᠷᠪᠡᠳᠦᠭᠡᠷ ᠣᠨ ᠳ᠋ᠤ᠌ ᠬᠤᠪᠢᠯᠠᠢ ᠬᠠᠭᠠᠨ ᠤ᠋ ᠵᠥᠪᠰᠢᠶᠡᠷᠡᠯ ᠢ᠋ᠶ᠋ᠡᠷ ᠣᠯᠠᠨ ᠶᠠᠮᠤᠨ ᠤ᠋ ᠠᠯᠪᠠᠨ ᠲᠤᠰᠢᠶᠠᠯᠲᠠᠨ ᠢ᠋ ᠰᠢᠯᠭᠠᠬᠤ᠂ᠰᠢᠯᠵᠢᠭᠦᠯᠬᠦ ᠪᠠ ᠳᠡᠪᠰᠢᠭᠦᠯᠬᠦ ᠲᠤᠬᠠᠢ ᠲᠣᠭᠲᠠᠭᠠᠯ ᠢ᠋ ᠤᠯᠠᠮ ᠲᠡᠭᠦᠯᠳᠡᠷᠵᠢᠭᠦᠯᠵᠦ ᠰᠢᠯᠢᠨ ᠰᠣᠩᠭᠣᠬᠤ ᠳᠦᠷᠢᠮ ᠢ᠋ ᠠᠩᠬ᠎ᠠ ᠠᠯᠬᠤᠮ ᠪᠦᠷᠢᠯᠳᠦᠭᠦᠯᠵᠡᠢ᠃ᠬᠤᠪᠢᠯᠠᠢ ᠶ᠋ᠢᠨ ᠲᠣᠭᠲᠠᠭᠠᠭᠰᠠᠨ ᠪᠡᠯᠡᠨ ᠬᠠᠤᠯᠢ ᠶ᠋ᠢ ᠦᠨᠳᠦᠰᠦᠯᠡᠪᠡᠯ ᠦᠢᠯᠡ ᠲᠠᠰᠤᠯᠬᠤ᠂ᠵᠠᠷᠭᠤ ᠰᠢᠢᠳᠬᠡᠬᠦ᠂ᠵᠠᠰᠠᠭ ᠨᠡᠪᠲᠡᠷᠡᠭᠦᠯᠬᠦ ᠭᠤᠷᠪᠠᠨ ᠶᠠᠮᠤᠨ ᠬᠥᠮᠦᠨ ᠬᠡᠷᠡᠭᠯᠡᠬᠦ ᠳ᠋ᠡᠭᠡᠨ ᠡᠷᠬᠡᠪᠰᠢ ᠥᠪᠡᠷ ᠢ᠋ᠶ᠋ᠡᠨ ᠰᠢᠯᠢᠨ ᠰᠣᠩᠭᠣᠭᠰᠠᠨ ᠬᠣᠢᠨ᠎ᠠ ᠳᠡᠭᠡᠭᠰᠢ ᠬᠠᠭᠠᠨ ᠳ᠋ᠤ᠌ ᠠᠢᠯᠠᠳᠬᠠᠵᠤ ᠵᠥᠪᠰᠢᠶᠡᠷᠡᠭᠦᠯᠬᠦ ᠬᠡᠷᠡᠭᠲᠡᠢ ᠪᠠᠢᠵᠠᠢ᠃ᠬᠡᠰᠢᠭᠲᠡᠨ ᠢ᠋ ᠨᠣᠶᠠᠨ ᠳᠡᠪᠰᠢᠭᠦᠯᠬᠦ ᠳ᠋ᠦ᠍ ᠬᠡᠰᠢᠭᠲᠡᠨ ᠦ᠌ ᠨᠣᠶᠠᠨ ᠡᠷᠭᠦᠨ ᠪᠠᠲᠤᠯᠠᠵᠤ ᠬᠠᠭᠠᠨ ᠡᠵᠡᠨ ᠰᠢᠭᠤᠳ ᠲᠣᠮᠢᠯᠠᠳᠠᠭ ᠲᠤᠯᠠ ᠲᠥᠪᠯᠡᠨ ᠵᠠᠰᠠᠬᠤ ᠶᠠᠮᠤᠨ ᠤ᠋ ᠰᠠᠢᠳ ᠨᠠᠷ ᠵᠥᠪᠯᠡᠵᠦ ᠳᠡᠭᠡᠭᠰᠢ ᠠᠢᠯᠠᠳᠬᠠᠬᠤ ᠬᠡᠷᠡᠭ ᠦᠭᠡᠢ ᠶᠦ᠍ᠮ᠃ᠬᠠᠭᠠᠨ ᠡᠵᠡᠨ ᠲᠤᠰᠬᠠᠢ ᠵᠠᠷᠯᠢᠭ ᠪᠠᠭᠤᠯᠭᠠᠨ ᠠᠯᠪᠠᠨ ᠲᠤᠰᠢᠶᠠᠯᠲᠠᠨ ᠢ᠋ᠶ᠋ᠠᠨ ᠲᠣᠮᠢᠯᠠᠬᠤ ᠶ᠋ᠢ ᠪᠢᠯᠢᠭ ᠦ᠋ᠨ ᠰᠢᠯᠢᠯᠭᠡ ᠭᠡᠳᠡᠭ᠃
   ᡁᠢ ᠶᠤᠸᠠᠨ ᠤ᠋ ᠬᠣᠷᠢᠨ ᠨᠠᠢ᠍ᠮᠠᠳᠤᠭᠠᠷ ᠣᠨ(1291ᠣᠨ) ᠤ᠋ ᠲᠠᠪᠤᠳᠤᠭᠠᠷ ᠰᠠᠷ᠎ᠠ ᠳ᠋ᠤ᠌ ᠬᠠᠭᠠᠨ ᠤ᠋ ᠵᠥᠪᠰᠢᠶᠡᠷᠡᠯ ᠢ᠋ᠶ᠋ᠡᠷ 《ᡁᠢ ᠶᠤᠸᠠᠨ ᠤ᠋ ᠰᠢᠨ᠎ᠡ ᠶᠣᠰᠣ》ᠬᠡᠮᠡᠬᠦ ᠬᠠᠤᠯᠢ ᠶ᠋ᠢᠨ ᠪᠢᠴᠢᠭ ᠢ᠋ ᠨᠡᠢᠲᠡᠯᠡᠵᠦ ᠬᠡᠷᠡᠭᠵᠢᠭᠦᠯᠵᠦ ᠡᠬᠢᠯᠡᠪᠡ᠃《ᡁᠢ ᠶᠤᠸᠠᠨ ᠤ᠋ ᠰᠢᠨ᠎ᠡ ᠶᠣᠰᠣ》ᠭᠡᠬᠦ ᠬᠠᠤᠯᠢ ᠶ᠋ᠢᠨ ᠪᠢᠴᠢᠭ ᠨᠢ ᠲᠤᠬᠠᠢ ᠶ᠋ᠢᠨ ᠦᠶ᠎ᠡ ᠳ᠋ᠦ᠍ ᠤᠳᠠᠭ᠎ᠠ ᠳᠠᠷᠠᠭᠠᠯᠠᠨ ᠨᠡᠢᠲᠡᠯᠡᠨ ᠬᠡᠷᠡᠭᠵᠢᠭᠦᠯᠦᠭᠰᠡᠨ ᠵᠦᠢᠯ ᠵᠦᠢᠯ ᠦ᠋ᠨ ᠬᠠᠤᠯᠢ ᠳᠦᠷᠢᠮ ᠢ᠋ᠶ᠋ᠡᠷ ᠦᠨᠳᠦᠰᠦ ᠪᠠᠷᠢᠮᠲᠠ ᠪᠣᠯᠭᠠᠵᠤ ᠡᠩ ᠦ᠋ᠨ ᠬᠠᠤᠯᠢ ᠶ᠋ᠢᠨ ᠪᠢᠴᠢᠭ ᠲᠦ᠍ ᠨᠡᠢᠳᠡᠮ ᠬᠡᠷᠡᠭᠯᠡᠳᠡᠭ ᠦᠭᠡ ᠨᠠᠢᠷᠠᠭᠤᠯᠭ᠎ᠠ ᠶ᠋ᠢᠨ ᠬᠡᠪᠰᠢᠯ ᠢ᠋ᠶ᠋ᠡᠷ ᠳᠠᠭᠤᠷᠢᠶᠠᠯ ᠪᠣᠯᠭᠠᠵᠤ ᠰᠢᠨ᠎ᠡ ᠪᠡᠷ ᠲᠤᠭᠤᠷᠪᠢᠨ ᠪᠢᠴᠢᠭᠡᠳ ᠰᠢᠰᠲ᠋ᠧᠮ ᠲᠡᠢ ᠪᠡᠷ ᠲᠥᠷᠥᠯ ᠬᠤᠪᠢᠶᠠᠨ ᠪᠦᠯᠦᠭ ᠠᠩᠭᠢᠯᠠᠵᠤ ᠳᠡᠪᠲᠡᠷ ᠪᠣᠯᠭᠠᠨ ᠪᠡᠷᠯᠡᠪᠡ᠃ᠲᠤᠰ ᠬᠠᠤᠯᠢ ᠳ᠋ᠤ᠌ ᠨᠡᠢᠲᠡ ᠶ᠋ᠢᠨ ᠬᠡᠮᠵᠢᠭᠳᠡᠬᠦᠨ᠂ ᠶᠣᠰᠣ ᠰᠢᠯᠢᠬᠦ᠂ᠢᠷᠭᠡᠨ ᠢ᠋ ᠵᠠᠰᠠᠬᠤ᠂ᠠᠰᠢᠭ ᠬᠠᠮᠢᠶᠠᠷᠬᠤ᠂ᠠᠯᠪᠠ ᠭᠤᠪᠴᠢᠭᠤᠷ᠂ᠭᠠᠢᠯᠢ ᠲᠠᠲᠠᠪᠤᠷᠢ᠂ᠰᠠᠩ ᠬᠥᠮᠥᠷᠭᠡ᠂ᠦᠢᠯᠡᠳᠴᠦ ᠪᠦᠲᠦᠭᠡᠬᠦ ᠬᠤᠯᠠᠭᠠᠢ ᠶ᠋ᠢ ᠰᠡᠷᠭᠡᠢᠯᠡᠬᠦ᠂ᠵᠠᠷᠭᠤ ᠪᠠᠢᠴᠠᠭᠠᠬᠤ ᠵᠡᠷᠭᠡ ᠠᠷᠪᠢᠨ ᠰᠡᠳᠦᠪ ᠪᠠᠭᠲᠠᠭᠠᠵᠤ ᠰᠡᠳᠦᠪ ᠪᠦᠷᠢ ᠳ᠋ᠦ᠍ ᠠᠷᠪᠠᠨ ᠬᠡᠳᠦᠨ ᠵᠤᠷᠪᠤᠰ ᠲᠤ᠌ ᠪᠠᠭᠲᠠᠭᠠᠵᠠᠢ᠃ᠡᠳᠡᠭᠡᠷ ᠵᠤᠷᠪᠤᠰ ᠨᠢ ᠪᠦᠷ ᠵᠠᠰᠠᠭ ᠵᠠᠬᠢᠷᠭᠠᠨ ᠤ᠋ ᠬᠠᠤᠯᠢ᠂ᠪᠤᠰᠤᠳ ᠬᠣᠯᠪᠣᠭᠳᠠᠯ ᠪᠦᠬᠦᠢ ᠵᠦᠢᠯ ᠲᠥᠷᠥᠯ ᠦ᠋ᠨ ᠬᠠᠤᠯᠢ ᠶ᠋ᠢᠨ ᠰᠢᠨᠵᠢ ᠴᠢᠨᠠᠷ ᠲᠠᠢ ᠶᠤᠮ᠃ᡁᠢ ᠶᠤᠸᠠᠨ ᠤ᠋ ᠰᠢᠨ᠎ᠡ ᠶᠣᠰᠣ ᠪᠦᠷᠢᠨ ᠪᠦᠲᠦᠨ ᠦᠯᠡᠳᠡᠭᠰᠡᠨ ᠦᠭᠡᠢ ᠪᠣᠯᠪᠠᠴᠤ ᠲᠡᠭᠦᠨ ᠦ᠌ ᠵᠠᠭᠤ ᠭᠠᠷᠤᠢ ᠵᠤᠷᠪᠤᠰ ᠨᠢ《ᠨᠡᠪᠲᠡᠷᠬᠡᠢ ᠶᠣᠰᠣᠨ ᠤ᠋ ᠵᠦᠢᠯ ᠳᠠᠷᠠᠭᠠᠯᠠᠭᠰᠠᠨ ᠪᠢᠴᠢᠭ》᠂《ᠶᠤᠸᠠᠨ ᠤᠯᠤᠰ ᠤ᠋ᠨ ᠬᠠᠤᠯᠢ ᠬᠡᠴᠡ》ᠭᠡᠬᠦ ᠰᠤᠳᠤᠷ ᠪᠢᠴᠢᠭ ᠲᠦ᠍ ᠲᠡᠮᠳᠡᠭᠯᠡᠭᠳᠡᠨ ᠦᠯᠡᠳᠡᠪᠡ᠃
  《ᠶᠤᠸᠠᠨ ᠤᠯᠤᠰ ᠤ᠋ᠨ ᠬᠠᠤᠯᠢ ᠬᠡᠴᠡ》᠂ᠳᠠᠷᠤᠢ《ᠶᠡᠬᠡ ᠶᠤᠸᠠᠨ ᠤᠯᠤᠰ ᠤ᠋ᠨ ᠮᠡᠷᠭᠡᠨ ᠵᠠᠰᠠᠭᠲᠤ ᠲᠥᠷᠥ ᠭᠦᠷᠦᠨ ᠦ᠌ ᠬᠠᠤᠯᠢ ᠬᠡᠴᠡ》ᠪᠣᠯ ᡁᠢ ᡁᠢ ᠶ᠋ᠢᠨ ᠬᠣᠶᠠᠳᠤᠭᠠᠷ ᠣᠨ ᠠ᠋ᠴᠠ ᠡᠮᠦᠨᠡᠬᠢ ᠶᠤᠸᠠᠨ ᠤᠯᠤᠰ ᠤ᠋ᠨ ᠬᠠᠤᠯᠢ ᠵᠠᠷᠯᠠᠯ ᠤ᠋ᠨ ᠪᠢᠴᠢᠭ ᠡᠪᠬᠡᠮᠡᠯ ᠦ᠋ᠨ ᠲᠥᠷᠥᠯ ᠬᠤᠪᠢᠶᠠᠭᠰᠠᠨ ᠬᠤᠷᠢᠶᠠᠩᠭᠤᠢ ᠲᠡᠭᠦᠪᠦᠷᠢ ᠪᠣᠯᠤᠨ᠎ᠠ᠃ᠶᠤᠸᠠᠨ ᠤᠯᠤᠰ ᠤ᠋ᠨ ᠴᠸᠩᠽᠥ᠋ᠩ ᠬᠠᠭᠠᠨ ᠤ᠋ ᠦᠶ᠎ᠡ ᠳ᠋ᠦ᠍ ᠲᠣᠭᠲᠠᠭᠠᠯ ᠭᠠᠷᠭᠠᠵᠤ ᠡᠯ᠎ᠡ ᠭᠠᠵᠠᠷ ᠤ᠋ᠨ ᠠᠯᠪᠠᠨ ᠶᠠᠮᠤᠨ ᠨᠤᠭᠤᠳ ᠤ᠋ᠨ ᠵᠦᠩ ᠲᠦᠩ ᠦ᠋ᠨ ᠦᠶ᠎ᠡ ᠡᠴᠡ ᠨᠠᠭᠠᠰᠢᠬᠢ ᠬᠠᠤᠯᠢ ᠵᠠᠷᠯᠠᠯ᠂ᠵᠦᠢᠯ ᠬᠤᠪᠢᠶᠠᠭᠰᠠᠨ ᠳᠦᠷᠢᠮ ᠢ᠋ ᠬᠠᠭᠤᠯᠤᠨ ᠴᠤᠭᠯᠠᠭᠤᠯᠵᠤ ᠰᠡᠢᠷᠡᠭᠦᠯᠦᠨ ᠡᠮᠬᠢᠳᠬᠡᠭᠡᠳ ᠨᠣᠶᠠᠳ ᠲᠦᠰᠢᠮᠡᠳ ᠦ᠋ᠨ ᠵᠢᠷᠤᠮᠯᠠᠨ ᠰᠠᠬᠢᠬᠤ ᠦᠨᠳᠦᠰᠦ ᠪᠠᠷᠢᠮᠲᠠ ᠪᠣᠯᠭᠠᠭᠰᠠᠨ ᠬᠠᠤᠯᠢ ᠶ᠋ᠢᠨ ᠲᠡᠭᠦᠪᠦᠷᠢ ᠶᠦ᠍ᠮ᠃《ᠶᠤᠸᠠᠨ ᠤᠯᠤᠰ ᠤ᠋ᠨ ᠬᠠᠤᠯᠢ ᠬᠡᠴᠡ》ᠳ᠋ᠦ᠍ ᠬᠠᠭᠠᠨ ᠤ᠋ ᠵᠠᠷᠯᠢᠭ᠂ᠪᠣᠭᠳᠠ ᠶᠢᠨ ᠵᠠᠰᠠᠭ᠂ᠲᠥᠷᠥ ᠶ᠋ᠢᠨ ᠬᠡᠯᠬᠢᠶ᠎ᠡ᠂ᠵᠠᠷᠭᠤ ᠰᠢᠢᠳᠬᠡᠬᠦ ᠶᠠᠮᠤᠨ ᠤ᠋ ᠬᠡᠯᠬᠢᠶ᠎ᠡ᠂ᠲᠦᠰᠢᠮᠡᠯ ᠦ᠋ᠨ ᠶᠠᠪᠤᠳᠠᠯ ᠤ᠋ᠨ ᠶᠠᠮᠤᠨ᠂ᠰᠠᠩ ᠤ᠋ᠨ ᠶᠠᠪᠤᠳᠠᠯ ᠤ᠋ ᠶᠠᠮᠤᠨ᠂ᠶᠣᠰᠣᠯᠠᠯ ᠤ᠋ᠨ ᠶᠠᠪᠤᠳᠠᠯ ᠤ᠋ᠨ ᠶᠠᠮᠤᠨ᠂ᠴᠡᠷᠢᠭ ᠦ᠋ᠨ ᠶᠠᠪᠤᠳᠠᠯ ᠤ᠋ᠨ ᠶᠠᠮᠤᠨ᠂ᠰᠢᠭᠦᠬᠦ ᠶᠠᠪᠤᠳᠠᠯ ᠤ᠋ᠨ ᠶᠠᠮᠤᠨ᠂ᠦᠢᠯᠡᠳᠬᠦ ᠶᠠᠪᠤᠳᠠᠯ ᠤ᠋ᠨ ᠶᠠᠮᠤᠨ ᠵᠡᠷᠭᠡ ᠶ᠋ᠢ ᠪᠠᠭᠲᠠᠭᠠᠭᠰᠠᠨ ᠨᠠᠢ᠍ᠮᠠᠨ ᠠᠩᠭᠢ ᠪᠠᠢᠵᠤ ᠪᠣᠳᠢ ᠬᠤᠪᠢᠶᠠᠯ ᠦᠭᠡᠢ ᠪᠡᠷ ᡁᠢ ᡁᠢ ᠶ᠋ᠢᠨ ᠬᠣᠶᠠᠳᠤᠭᠠᠷ ᠣᠨ ᠬᠦᠷᠲᠡᠯᠡᠬᠢ ᠬᠡᠷᠡᠭ ᠢ᠋ ᠲᠡᠮᠳᠡᠭᠯᠡᠪᠡ᠃ᠡᠯ᠎ᠡ ᠠᠩᠭᠢ ᠪᠦᠯᠦᠭ ᠦ᠋ᠨ ᠳᠠᠷᠠᠭ᠎ᠠ ᠪᠠᠰᠠ ᠲᠥᠷᠥᠯ᠂ᠰᠡᠳᠦᠪ ᠭᠡᠵᠦ ᠬᠤᠪᠢᠶᠠᠵᠠᠢ᠂ᠰᠡᠳᠦᠪ ᠪᠦᠷᠢ ᠳ᠋ᠦ᠍ ᠵᠦᠢᠯ ᠬᠤᠪᠢᠶᠠᠭᠰᠠᠨ ᠳᠦᠷᠢᠮ ᠦ᠋ᠨ ᠪᠣᠳᠠᠲᠤ ᠵᠢᠱ᠌ᠢᠶ᠎ᠡ ᠶ᠋ᠢ ᠰᠡᠢᠷᠡᠭᠦᠯᠦᠨ ᠵᠢᠭᠰᠠᠭᠠᠪᠠ᠃ᠪᠦᠬᠦ ᠨᠣᠮ ᠳ᠋ᠤ᠌ ᠨᠡᠢᠲᠡ ᠨᠠᠶᠠᠨ ᠨᠢᠭᠡᠨ ᠲᠥᠷᠥᠯ᠂ᠳᠥᠷᠪᠡᠨ ᠵᠠᠭᠤ ᠵᠢᠷᠠᠨ ᠳᠣᠯᠣᠭᠠᠨ ᠰᠡᠳᠦᠪ᠂ᠬᠣᠶᠠᠷ ᠮᠢᠩᠭ᠎ᠠ ᠭᠤᠷᠪᠠᠨ ᠵᠠᠭᠤ ᠶᠡᠷᠡᠨ ᠨᠢᠭᠡᠨ ᠵᠤᠷᠪᠤᠰ ᠪᠠᠭᠲᠠᠭᠠᠵᠤ ᠪᠣᠢ᠃
   ᠶᠤᠸᠠᠨ ᠤᠯᠤᠰ ᠤ᠋ᠨ ᠸᠸᠨᠽᠦ᠋ᠩ ᠬᠠᠭᠠᠨ ᠤ᠋ ᠦᠶ᠎ᠡ ᠳ᠋ᠦ᠍ ᠵᠣᠬᠢᠶᠠᠭᠳᠠᠭᠰᠠᠨ《ᠶᠢᠷᠲᠢᠨᠴᠦ ᠶ᠋ᠢ ᠵᠠᠰᠠᠬᠤ ᠶᠡᠬᠡ ᠵᠠᠰᠠᠭ ᠪᠣᠯ ᠶᠤᠸᠠᠨ ᠤᠯᠤᠰ ᠤ᠋ᠨ ᠦᠶ᠎ᠡ ᠳ᠋ᠡᠬᠢ ᠬᠠᠤᠯᠢ ᠳᠦᠷᠢᠮ ᠦ᠋ᠳ ᠦ᠋ᠨ ᠳᠣᠲᠣᠷᠠᠬᠢ ᠣᠨᠳᠣᠣ ᠨᠢᠭᠡ ᠢᠵᠢ ᠲᠥᠷᠥᠯ ᠦ᠋ᠨ ᠴᠢᠬᠤᠯᠠ ᠬᠠᠤᠯᠢ ᠶ᠋ᠢᠨ ᠪᠢᠴᠢᠭ ᠮᠥᠨ᠃ᠲᠤᠰ ᠪᠢᠴᠢᠭ ᠢ᠋ ᠲᠢᠶᠠᠨ ᠯᠢ ᠶ᠋ᠢᠨ ᠭᠤᠷᠪᠠᠳᠤᠭᠠᠷ ᠣᠨ(1330ᠣᠨ) ᠤ᠋ ᠳᠥᠷᠪᠡᠳᠦᠭᠡᠷ ᠰᠠᠷ᠎ᠠ ᠠ᠋ᠴᠠ ᠲᠣᠪᠴᠢᠶ᠎ᠠ ᠪᠠᠢᠭᠤᠯᠤᠨ ᠪᠢᠴᠢᠵᠦ ᠡᠬᠢᠯᠡᠭᠡᠳ ᡁᠢ ᠱᠦᠨ ᠦ᠌ ᠬᠣᠶᠠᠳᠤᠭᠠᠷ ᠣᠨ(1331ᠣᠨ) ᠤ᠋ ᠲᠠᠪᠤᠳᠤᠭᠠᠷ ᠰᠠᠷ᠎ᠠ ᠳ᠋ᠤ᠌ ᠪᠢᠴᠢᠵᠦ ᠳᠠᠭᠤᠰᠬᠠᠵᠠᠢ᠃ᠲᠤᠰ ᠨᠣᠮ ᠨᠢ ᠨᠠᠢ᠍ᠮᠠᠨ ᠵᠠᠭᠤ  ᠨᠠᠶᠠᠨ ᠪᠣᠳᠢ ᠲᠠᠢ᠂ᠨᠢᠵᠡᠭᠡᠳ ᠪᠣᠳᠢ ᠠᠯᠪᠠᠨ ᠪᠢᠴᠢᠭ ᠦ᠋ᠨ᠂ᠳᠠᠭᠠᠯᠳᠤᠭᠤᠯᠤᠯ ᠪᠠ ᠨᠠᠢᠷᠠᠭᠤᠯᠤᠨ ᠵᠣᠬᠢᠶᠠᠭᠴᠢ ᠶ᠋ᠢᠨ ᠨᠡᠪᠲᠡᠷᠬᠡᠢ ᠢᠯᠡᠷᠬᠡᠢᠯᠡᠯ ᠲᠡᠢ ᠪᠢᠯᠡ᠃ᠠᠷᠪᠠᠨ ᠠᠩᠭᠢ ᠠᠭᠤᠯᠭ᠎ᠠ ᠲᠠᠢ᠂ᠳᠠᠷᠤᠢ ᠡᠵᠡᠨ ᠦ᠌ ᠴᠣᠯᠠ᠂ᠡᠵᠡᠨ ᠦ᠌ ᠰᠤᠷᠭᠠᠯ᠂ᠡᠵᠡᠨ ᠦ᠌ ᠶᠣᠰᠣ᠂ᠡᠵᠡᠨ ᠦ᠌ ᠬᠡᠯᠬᠢᠶ᠎ᠡ ᠭᠡᠬᠦ ᠳᠥᠷᠪᠡᠨ ᠠᠩᠭᠢ ᠡᠵᠡᠨ  ᠦ᠌ ᠬᠡᠷᠡᠭ ᠦ᠋ᠨ ᠠᠩᠭᠢ᠃ᠡᠨᠡ ᠬᠦ᠌ ᠠᠩᠭᠢ ᠶ᠋ᠢ ᠲᠤᠰᠬᠠᠢᠯᠠᠨ ᠪᠠᠢᠭᠤᠯᠤᠭᠰᠠᠨ ᠮᠣᠩᠭᠣᠯ ᠤ᠋ᠨ ᠲᠣᠪᠴᠢᠶ᠎ᠠ ᠲᠤᠭᠤᠷᠪᠢᠵᠤ ᠪᠢᠴᠢᠵᠡᠢ᠃ᠵᠠᠰᠠᠭ ᠤ᠋ᠨ ᠬᠠᠤᠯᠢ᠂ᠭᠤᠪᠴᠢᠭᠤᠷ ᠤ᠋ᠨ ᠬᠠᠤᠯᠢ᠂ᠶᠣᠰᠣᠯᠠᠯ ᠤ᠋ᠨ ᠬᠠᠤᠯᠢ᠂ᠵᠠᠰᠠᠬᠤᠢ ᠶ᠋ᠢᠨ ᠬᠠᠤᠯᠢ᠂ᠶᠡᠬᠡ ᠢᠵᠠᠭᠤᠷ ᠤ᠋ᠨ ᠬᠠᠤᠯᠢ᠂ᠦᠢᠯᠡᠳᠬᠦ ᠶ᠋ᠢᠨ ᠬᠠᠤᠯᠢ ᠬᠢᠬᠦ ᠵᠢᠷᠭᠤᠭᠠᠨ ᠠᠩᠭᠢ ᠲᠦᠰᠢᠮᠡᠯ ᠦ᠋ᠨ ᠬᠡᠷᠡᠭ ᠦ᠋ᠨ ᠠᠩᠭᠢ ᠪᠣᠢ᠃ᠲᠤᠰ ᠪᠢᠴᠢᠭ ᠤᠷᠢᠳᠤᠬᠢ ᠭᠦᠷᠦᠨ ᠲᠥᠷᠥ ᠶ᠋ᠢᠨ ᠬᠠᠤᠯᠢ ᠪᠢᠴᠢᠭ ᠢ᠋ ᠯᠠᠪᠯᠠᠵᠤ ᠪᠣᠳᠠᠲᠤ ᠪᠠᠢᠳᠠᠯ ᠠ᠋ᠴᠠ ᠡᠭᠦᠰᠦᠨ ᠤᠯᠠᠮ ᠨᠢᠭᠡᠨ ᠠᠯᠬᠤᠮ ᠨᠠᠷᠢᠰᠬᠠᠨ᠂ᠰᠢᠨ᠎ᠡ ᠵᠦᠢᠯ ᠢ᠋ ᠰᠠᠨᠠᠭᠠᠴᠢᠯᠠᠨ ᠡᠭᠦᠳᠦᠭᠰᠡᠨ ᠶᠦ᠍ᠮ᠃ᠵᠢᠱ᠌ᠢᠶᠡᠯᠡᠪᠡᠯ ᠦᠢᠯᠡᠳᠬᠦᠢ ᠶ᠋ᠢᠨ ᠬᠠᠤᠯᠢ ᠶ᠋ᠢᠨ ᠠᠩᠭᠢ ᠶ᠋ᠢ ᠣᠷᠳᠣᠨ ᠬᠦᠷᠢᠶᠡᠯᠡᠩ᠂ᠠᠯᠪᠠᠨ ᠶᠠᠮᠤᠨ᠂ᠰᠠᠩ ᠬᠥᠮᠥᠷᠭᠡ᠂ᠬᠣᠲᠠ ᠬᠦᠷᠢᠶ᠎ᠡ᠂ᠭᠣᠣᠯ ᠰᠤᠪᠠᠭ᠂ᠬᠥᠭᠥᠷᠭᠡ᠂ᠳᠡᠭᠡᠳᠦᠰ ᠦ᠋ᠨ ᠰᠦᠮ᠎ᠡ᠂ᠬᠤᠸᠠᠷᠠᠭ ᠤ᠋ᠨ ᠰᠦᠮ᠎ᠡ᠂ᠪᠣᠮᠪᠣ ᠶ᠋ᠢᠨ ᠰᠦᠮ᠎ᠡ᠂ᠭᠡᠷ ᠮᠠᠢᠬᠠᠨ᠂ᠴᠡᠷᠢᠭ ᠦ᠋ᠨ ᠵᠡᠪᠰᠡᠭ᠂ᠵᠢᠭᠰᠠᠭᠠᠯ ᠤ᠋ᠨ ᠬᠡᠷᠡᠭᠰᠡᠯ᠂ᠬᠠᠰ ᠤ᠋ᠨ ᠳᠠᠷᠬᠠᠨ᠂ᠠᠯᠲᠠᠨ ᠤ᠋ ᠳᠠᠷᠬᠠᠨ᠂ᠮᠣᠳᠣᠨ ᠤ᠋ ᠳᠠᠷᠬᠠᠨ᠂ᠸᠠᠭᠠᠷ ᠲᠣᠭᠣᠰᠬ᠎ᠠ ᠶ᠋ᠢᠨ ᠳᠠᠷᠬᠠᠨ᠂ᠴᠢᠯᠠᠭᠤᠨ ᠤ᠋ ᠳᠠᠷᠬᠠᠨ᠂ᠣᠯᠣᠰᠣ ᠰᠢᠷᠬᠡᠭ ᠦ᠋ᠨ ᠳᠠᠷᠬᠠᠨ᠂ᠠᠷᠠᠰᠤ ᠰᠢᠷᠢ ᠶ᠋ᠢᠨ ᠳᠠᠷᠬᠠᠨ᠂ᠢᠰᠡᠭᠡᠢ ᠰᠢᠷᠳᠡᠭ ᠦ᠋ᠨ ᠳᠠᠷᠬᠠᠨ᠂ᠬᠥᠷᠥᠭ ᠪᠠᠷᠢᠮᠠᠯ ᠤ᠋ᠨ ᠳᠠᠷᠬᠠᠨ᠂ᠡᠯᠳᠡᠪ ᠵᠦᠢᠯ ᠦ᠋ᠨ ᠳᠠᠷᠬᠠᠨ ᠭᠡᠬᠦ ᠬᠣᠷᠢᠨ ᠬᠣᠶᠠᠷ ᠰᠡᠳᠦᠪ ᠬᠤᠪᠢᠶᠠᠵᠠᠢ᠃ᠡᠨᠡ ᠨᠢ ᠳᠠᠩ᠂ᠰᠥᠩ ᠤᠯᠤᠰ ᠤ᠋ᠨ ᠴᠢᠬᠤᠯᠠ ᠬᠠᠤᠯᠢ ᠶ᠋ᠢᠨ ᠬᠤᠷᠢᠶᠠᠩᠭᠤᠢ ᠪᠢᠴᠢᠭ ᠡᠴᠡ ᠬᠣᠯᠠ ᠳᠠᠪᠠᠭᠤᠯᠢᠭ ᠪᠣᠯᠤᠭᠰᠠᠨ ᠪᠢᠯᠡ᠃

ᠶᠤᠸᠠᠨ ᠤᠯᠤᠰ ᠤ᠋ᠨ ᠮᠣᠵᠢ ᠶ᠋ᠢᠨ ᠳᠦᠷᠢᠮ

    ᠬᠤᠪᠢᠯᠠᠢ ᠰᠡᠴᠡᠨ ᠬᠠᠭᠠᠨ ᠮᠣᠩᠭᠣᠯ ᠶᠡᠬᠡ ᠶᠤᠸᠠᠨ ᠤᠯᠤᠰ ᠢ᠋ ᠪᠠᠢᠭᠤᠯᠤᠭᠰᠠᠨ ᠤ᠋ ᠳᠠᠷᠠᠭ᠎ᠠ1279 ᠣᠨ ᠠ᠋ᠴᠠ ᠪᠦᠬᠦ ᠤᠯᠤᠰ ᠲᠤ᠌ ᠮᠣᠵᠢ ᠶ᠋ᠢᠨ ᠳᠦᠷᠢᠮ ᠢ᠋ ᠲᠣᠭᠲᠠᠭᠠᠨ ᠬᠡᠷᠡᠭᠵᠢᠭᠦᠯᠪᠡ᠃ᠮᠣᠵᠢ ᠨᠢ ᠶᠡᠬᠡ ᠶᠤᠸᠠᠨ ᠤᠯᠤᠰ ᠤ᠋ᠨ ᠣᠷᠣᠨ ᠨᠤᠲᠤᠭ ᠤ᠋ᠨ ᠨᠢᠭᠡᠳᠦᠭᠡᠷ ᠳᠡᠰ ᠦ᠋ᠨ ᠵᠠᠰᠠᠭ ᠵᠠᠬᠢᠷᠭᠠᠨ ᠤ᠋ ᠣᠷᠣᠨ ᠤ᠋ ᠨᠢᠭᠡᠴᠡ ᠪᠣᠯᠤᠨ᠎ᠠ᠃ᠪᠦᠬᠦ ᠤᠯᠤᠰ ᠢ᠋ ᠱᠠᠨᠰᠢ᠂ᠭᠠᠨᠰᠦ᠂ᠰᠧᠴᠤᠸᠠᠨ᠂ᠶᠦᠨᠨᠠᠨ᠂ᠬᠤ᠌ ᠭᠤᠸᠠᠩ᠂ᠵᠢᠶᠠᠩ ᠵᠧ᠂ᠵᠢᠶᠠᠩᠰᠢ᠂ᠵᠢᠶᠠᠩᠪᠸᠢ᠂ᠾᠧᠨᠠᠨ᠂ᠯᠢᠶᠣᠤᠨᠢᠩ᠂ᠳᠠᠪᠠᠭᠠᠨ ᠠᠷᠤ ᠭᠡᠵᠦ ᠠᠷᠪᠠᠨ ᠮᠣᠵᠢ ᠬᠤᠪᠢᠶᠠᠷᠢᠯᠠᠪᠠ᠃ᠡᠭᠦᠨ ᠳ᠋ᠦ᠍ ᠳᠠᠪᠠᠭᠠᠨ ᠠᠷᠤ ᠨᠢ ᠬᠠᠮᠤᠭ ᠶᠡᠬᠡ ᠮᠣᠵᠢ᠂ᠣᠳᠣᠬᠢ ᠳᠤᠮᠳᠠᠳᠤ ᠤᠯᠤᠰ ᠤ᠋ᠨ ᠥᠪᠥᠷ ᠮᠣᠩᠭᠣᠯ᠂ᠰᠢᠨᠵᠢᠶᠠᠩ ᠤ᠋ᠨ ᠨᠢᠭᠡ ᠬᠡᠰᠡᠭ᠂ᠣᠷᠣᠰ ᠤ᠋ᠨ ᠰᠢᠪᠧᠷᠢᠶ᠎ᠡ ᠣᠷᠣᠨ᠂ᠮᠣᠩᠭᠣᠯ ᠤᠯᠤᠰ ᠤ᠋ᠨ ᠪᠦᠬᠦ ᠨᠤᠲᠤᠭ ᠳᠡᠪᠢᠰᠬᠡᠷ ᠢ᠋ ᠬᠠᠮᠤᠷᠤᠨ ᠪᠠᠭᠲᠠᠭᠠᠵᠤ ᠪᠠᠢᠯ᠎ᠠ᠃ᠮᠣᠵᠢ ᠶ᠋ᠢᠨ ᠳᠦᠷᠢᠮ ᠨᠢ ᠶᠡᠬᠡ ᠶᠤᠸᠠᠨ ᠤᠯᠤᠰ ᠤ᠋ᠨ ᠦᠶ᠎ᠡ ᠡᠴᠡ ᠡᠬᠢᠯᠡᠭᠰᠡᠨ ᠮᠥᠷᠲᠡᠭᠡᠨ ᠣᠳᠣᠬᠢ ᠳᠤᠮᠳᠠᠳᠤ ᠤᠯᠤᠰ ᠤ᠋ᠨ ᠮᠣᠵᠢ ᠨᠤᠭᠤᠳ ᠤ᠋ᠨ ᠪᠠᠢᠷᠢᠯᠠᠭᠤᠯᠤᠯᠲᠠ ᠶ᠋ᠢᠨ ᠶᠡᠬᠡ ᠲᠥᠯᠥᠪ ᠰᠠᠭᠤᠷᠢ ᠶ᠋ᠢ ᠲᠡᠷᠡ ᠦᠶᠡᠰ ᠲᠠᠯᠪᠢᠵᠤ ᠥᠭᠭᠦᠭᠰᠡᠨ ᠪᠢᠯᠡ᠃

    ᠦᠰᠦᠭ ᠠᠮᠢᠯᠠᠭᠤᠯᠦᠭ᠍ᠴᠢ ᠄ ᠰᠢᠵᠢᠷᠮᠠᠨᠳᠤᠯ᠎ᠠ᠂ ᠣᠶᠣᠨ᠂ ᠤᠶᠤᠨᠴᠢᠮᠡᠭ᠂ ᠤᠤᠭᠠᠨᠵᠢᠳ
    ᠬᠢᠨᠡᠭ᠍ᠴᠢ᠄ ᠮᠤᠩᠭᠤᠯᠵᠠᠶᠠᠭ᠎ᠠ᠂ ᠨᠠᠷᠠᠩᠭᠤᠸ᠎ᠠ