1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ03Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ03Юан улсын дээд нийслэл шант

ᠠᠩᠭᠢᠯᠠᠯ:ᠲᠡᠥᠬᠡ
2025-03-10

784

ᠭᠤᠷᠪᠠ ᠱᠠᠩᠳᠤ ᠬᠣᠲᠠ ᠶ᠋ᠢᠨ ᠪᠠᠢᠷᠢᠰᠢᠯ

    ᠳᠡᠭᠡᠳᠦ ᠨᠡᠢᠰᠯᠡᠯ ᠱᠠᠩᠳᠤ ᠪᠣᠯ ᠨᠡᠭᠦᠳᠡᠯᠴᠢᠨ ᠦᠨᠳᠦᠰᠦᠲᠡᠨ ᠦ᠌ ᠰᠣᠶᠣᠯ ᠤ᠋ᠨ ᠦᠨᠦᠷ ᠬᠠᠩᠬᠤᠯᠤᠭᠰᠠᠨ ᠥᠪᠡᠷᠮᠢᠴᠡ ᠣᠨᠴᠠᠯᠢᠭ ᠪᠦᠬᠦᠢ ᠲᠠᠯ᠎ᠠ ᠨᠤᠲᠤᠭ ᠤ᠋ᠨ ᠮᠣᠩᠭᠣᠯ ᠬᠣᠲᠠ ᠪᠣᠯᠤᠨ᠎ᠠ᠃ᠲᠡᠭᠦᠨ ᠦ᠌ ᠭᠣᠣᠯ ᠪᠣᠯᠬᠤ ᠪᠠᠷᠢᠯᠭ᠎ᠠ ᠨᠢ ᠮᠣᠩᠭᠣᠯ ᠦᠨᠳᠦᠰᠦᠲᠡᠨ ᠦ᠌ ᠣᠷᠣᠨ ᠰᠠᠭᠤᠴᠠ ᠶ᠋ᠢᠨ ᠨᠡᠭᠦᠳᠡᠯ ᠬᠡᠯᠪᠡᠷᠢ᠂ᠠᠮᠢᠳᠤᠷᠠᠯ ᠤ᠋ᠨ ᠵᠠᠩ ᠵᠠᠩᠰᠢᠯ᠂ᠰᠣᠶᠣᠯ ᠤᠷᠠᠯᠢᠭ ᠤ᠋ᠨ ᠤᠯᠠᠮᠵᠢᠯᠠᠯᠲᠤ ᠬᠡᠪ ᠨᠠᠮᠪᠠ ᠶ᠋ᠢ ᠭᠦᠢᠴᠡᠳ ᠲᠤᠰᠬᠠᠭᠰᠠᠨ ᠶᠤᠮ᠃
ᠪᠠᠷᠢᠯᠭ᠎ᠠ ᠨᠢ ᠤᠯᠠᠭᠠᠨ ᠯᠤᠤ ᠵᠢᠯ(1256ᠣᠨ) ᠤ᠋ ᠭᠤᠷᠪᠠᠳᠤᠭᠠᠷ ᠰᠠᠷ᠎ᠠ ᠳ᠋ᠤ᠌ ᠡᠬᠢᠯᠡᠵᠡᠢ᠃ᠯᠢᠦ ᠪᠢᠩ ᠵᠦᠩ᠂ᠬᠤᠪᠢᠯᠠᠢ ᠶ᠋ᠢᠨ ᠵᠠᠷᠯᠢᠭ ᠢ᠋ᠶ᠋ᠠᠷ ᠨᠤᠲᠤᠭ ᠰᠣᠩᠭᠣᠨ ᠰᠢᠷᠣᠢ ᠬᠥᠨᠳᠡᠵᠦ ᠯᠤᠸᠠᠨ ᠾᠧ ᠤᠰᠤᠨ ᠤ᠋ ᠤᠮᠠᠷ᠎ᠠ᠂ᠯᠤᠤ ᠶ᠋ᠢᠨ ᠳᠣᠪᠣᠴᠠᠭ ᠤ᠋ᠨ ᠡᠮᠦᠨ᠎ᠡ ᠬᠣᠲᠠ ᠶ᠋ᠢᠨ ᠪᠠᠭᠤᠴᠠ ᠲᠠᠯᠪᠢᠪᠠ᠃3ᠵᠢᠯ ᠰᠢᠬᠠᠮ ᠤ᠋ᠨ ᠴᠠᠭ ᠵᠠᠷᠤᠴᠠᠭᠤᠯᠵᠤ ᠪᠠᠢᠭᠤᠯᠤᠭᠠᠳ ᠰᠢᠷᠠᠭᠴᠢᠨ ᠬᠣᠨᠢᠨ ᠵᠢᠯ(1259ᠣᠨ)ᠬᠣᠲᠠ ᠶ᠋ᠢᠨ ᠠᠩᠬᠠᠨ ᠤ᠋ ᠬᠡᠷᠡᠮ ᠬᠦᠷᠢᠶ᠎ᠡ᠂ᠣᠷᠳᠣᠨ ᠬᠠᠷᠰᠢ ᠪᠦᠲᠦᠭᠰᠡᠨ ᠲᠤᠯᠠ ᠣᠷᠣᠰᠢᠨ ᠰᠠᠭᠤᠭ᠎ᠠ ᠨᠤᠲᠤᠭ ᠤᠰᠤᠨ ᠤ᠋ ᠪᠠᠨ ᠨᠡᠷ᠎ᠡ ᠪᠡᠷ ᠠᠢᠯ ᠲᠣᠰᠬᠣᠨ᠂ᠰᠦᠮ᠎ᠡ ᠬᠡᠢᠳ᠂ᠬᠣᠲᠠ ᠪᠠᠯᠭᠠᠰᠤ ᠪᠠᠨ ᠨᠡᠷᠡᠯᠡᠳᠡᠭ ᠮᠣᠩᠭᠣᠯ ᠤ᠋ᠨ ᠤᠯᠠᠮᠵᠢᠯᠠᠯᠲᠤ ᠵᠠᠩ ᠳᠠᠳᠬᠠᠯ ᠢ᠋ᠶ᠋ᠠᠷ ᠢ᠋ᠶ᠋ᠠᠨ ᠬᠡᠢᠪᠤᠩ ᠭᠣᠣᠯ ᠠ᠋ᠴᠠ ᠣᠢᠷ᠎ᠠ ᠤᠴᠢᠷ ᠬᠡᠢᠪᠤᠩ ᠣᠷᠳᠣᠨ ᠬᠡᠮᠡᠪᠡ᠃ᠲᠤᠬᠠᠢ ᠶ᠋ᠢᠨ ᠦᠶᠡᠰ ᠬᠣᠲᠠ ᠪᠠᠯᠭᠠᠳ ᠪᠠᠢᠭᠤᠯᠬᠤ ᠸᠠᠭᠠᠷ ᠲᠣᠭᠣᠰᠬ᠎ᠠ᠂ᠮᠣᠳᠣ ᠴᠢᠯᠠᠭᠤ᠂ᠲᠦᠭᠦᠬᠡᠢ ᠴᠣᠬᠣᠢ ᠶ᠋ᠢᠨ ᠡᠬᠡ ᠮᠠᠲ᠋ᠧᠷᠢᠶᠠᠯ ᠢ᠋ ᠪᠦᠷ ᠲᠤᠰ ᠭᠠᠵᠠᠷ ᠣᠷᠣᠨ ᠠ᠋ᠴᠠ ᠪᠠᠨ ᠠᠪᠴᠤ ᠵᠠᠰᠠᠵᠤ ᠪᠣᠯᠪᠠᠰᠤᠷᠠᠭᠤᠯᠤᠭᠰᠠᠨ ᠢ᠋ ᠱᠠᠩᠳᠤ ᠶ᠋ᠢᠨ ᠣᠷᠴᠢᠨ ᠲᠣᠭᠣᠷᠢᠨ ᠳ᠋ᠤ᠌ ᠪᠠᠢᠭ᠎ᠠ ᠬᠠᠭᠤᠴᠢ ᠦᠯᠡᠳᠡᠭᠳᠡᠯ ᠢᠯᠡᠳᠲᠡ ᠭᠡᠷᠡᠴᠢᠯᠡᠭᠰᠡᠨ ᠶᠤᠮ᠃ᠣᠳᠣᠬᠠᠨ ᠳ᠋ᠤ᠌ ᠣᠯᠵᠤ ᠮᠡᠳᠡᠭᠰᠡᠨ᠂ᠰᠢᠨᠡᠬᠡᠨ ᠢᠯᠡᠷᠡᠭᠦᠯᠦᠭᠰᠡᠨ ᠰᠢᠯᠤᠭᠤᠨ ᠬᠥᠬᠡ ᠶ᠋ᠢᠨ ᠨᠤᠲᠤᠭ ᠳᠡᠭᠡᠷ᠎ᠡ ᠲᠠᠷᠬᠠᠵᠤ ᠪᠠᠢᠭ᠎ᠠ ᠡᠷᠲᠡᠨ ᠦ᠌ ᠸᠠᠭᠠᠷ ᠲᠣᠭᠣᠰᠬ᠎ᠠ ᠰᠢᠲᠠᠭᠠᠬᠤ ᠵᠤᠤᠬ᠎ᠠ᠂ᠴᠣᠬᠣᠢ ᠲᠤᠩᠭᠠᠬᠤ ᠵᠣᠭᠣᠷᠢ᠂ᠴᠢᠯᠠᠭᠤ ᠭᠠᠷᠭᠠᠵᠤ ᠵᠠᠰᠠᠭᠰᠠᠨ ᠦᠯᠡᠳᠡᠪᠦᠷᠢ ᠶ᠋ᠢᠨ ᠡᠩᠨᠡᠭᠡᠨ ᠳ᠋ᠦ᠍ ᠶᠤᠸᠠᠨ ᠤᠯᠤᠰ ᠤ᠋ᠨ ᠦᠶ᠎ᠡ ᠶ᠋ᠢᠨ ᠬᠢ ᠪᠠᠢᠬᠤ ᠦᠭᠡᠢ ᠭᠡᠮᠡᠨ ᠬᠡᠨ ᠪᠠᠲᠤᠯᠠᠨ ᠬᠡᠯᠡᠵᠦ ᠴᠢᠳᠠᠬᠤ ᠪᠣᠢ! ᠵᠥᠪᠬᠡᠨ ᠱᠠᠩᠳᠤ ᠬᠣᠲᠠ ᠠ᠋ᠴᠠ ᠣᠢᠷᠠᠬᠠᠨ ᠪᠠᠢᠭ᠎ᠠ ᠷᠠᠰᠢᠶᠠᠨᠲᠤ ᠠᠭᠤᠯᠠᠨ ᠤ᠋ ᠴᠠᠭᠠᠨ ᠭᠠᠨᠲᠢᠭ ᠴᠢᠯᠠᠭᠤ ᠶ᠋ᠢ ᠪᠠᠭᠤᠯᠭᠠᠵᠤ᠂ ᠵᠠᠰᠠᠵᠤ ᠬᠡᠷᠡᠭᠯᠡᠭᠰᠡᠨ ᠦ᠌ ᠦᠯᠡᠳᠡᠪᠦᠷᠢ᠂ ᠭᠤᠷᠪᠠᠨ ᠲᠤᠯᠭ᠎ᠠ ᠠᠭᠤᠯᠠᠨ ᠤ᠋ ᠴᠣᠬᠣᠢ ᠲᠤᠩᠭᠠᠵᠤ ᠸᠠᠭᠠᠷ ᠲᠣᠭᠣᠰᠬ᠎ᠠ ᠰᠢᠲᠠᠭᠠᠭᠰᠠᠨ ᠬᠠᠭᠤᠴᠢᠨ ᠵᠣᠭᠣᠷᠢ ᠪᠠ ᠵᠤᠤᠬ᠎ᠠ ᠨᠢ ᠡᠷᠲᠡ ᠦᠶ᠎ᠡ ᠳ᠋ᠦ᠍ ᠡᠨᠡ ᠨᠤᠲᠤᠭ ᠲᠤ᠌ ᠪᠠᠷᠢᠯᠭ᠎ᠠ ᠶ᠋ᠢᠨ ᠮᠠᠲ᠋ᠧᠷᠢᠶᠠᠯ ᠪᠣᠯᠪᠠᠰᠤᠷᠠᠭᠤᠯᠤᠭᠰᠠᠨ ᠲᠡᠦᠬᠡᠨ ᠤᠯᠠ ᠮᠥᠷ ᠦ᠋ᠨ ᠪᠣᠳᠠᠰ ᠤ᠋ᠨ ᠭᠡᠷᠡᠴᠢ ᠪᠢᠯᠡ᠃ᠬᠠᠭᠤᠴᠢ ᠰᠤᠳᠤᠯᠤᠭᠴᠢᠳ ᠰᠢᠯᠤᠭᠤᠨ ᠬᠥᠬᠡ ᠬᠤᠰᠢᠭᠤᠨ ᠳ᠋ᠤ᠌ ᠲᠠᠷᠬᠠᠵᠤ ᠪᠠᠢᠭ᠎ᠠ ᠡᠳᠦᠢ ᠲᠡᠳᠦᠢ ᠸᠠᠭᠠᠷ ᠲᠣᠭᠣᠰᠬ᠎ᠠ ᠶ᠋ᠢᠨ ᠵᠤᠤᠬ᠎ᠠ᠂ᠡᠨᠳᠡ ᠲᠡᠨᠳᠡ ᠡᠴᠡ ᠢᠯᠡᠷᠡᠭᠰᠡᠨ ᠲᠣᠮᠣ ᠬᠥᠬᠡ ᠲᠣᠭᠣᠰᠬ᠎ᠠ ᠶ᠋ᠢ ᠸᠧᠢ ᠤᠯᠤᠰ ᠤ᠋ᠨ ᠪᠣᠯᠤᠯᠲᠠᠢ᠂ᠯᠢᠶᠣᠣ᠂ᠰᠥᠩ ᠦ᠋ᠨ ᠮᠠᠶᠢᠭ ᠲᠠᠢ ᠭᠡᠮᠡᠨ ᠲᠠᠭᠠᠮᠠᠭᠯᠠᠨ ᠮᠡᠷᠭᠡᠯᠡᠨ᠎ᠡ᠃ ᠭᠡᠲᠡᠯ᠎ᠡ ᠶᠤᠸᠠᠨ ᠤᠯᠤᠰ ᠤ᠋ᠨ ᠬᠢ ᠪᠣᠯᠪᠠ ᠤᠤ ᠳᠠ ᠭᠡᠰᠡᠨ ᠬᠥᠮᠦᠨ ᠶᠡᠷᠦ ᠭᠠᠷᠤᠭᠰᠠᠨ ᠦᠭᠡᠢ᠃ ᠪᠣᠳᠣᠪᠠᠯ ᠲᠡᠳᠡ ᠣᠳᠣᠬᠢ ᠣᠷᠴᠢᠨ ᠠᠬᠤᠢ ᠶ᠋ᠢᠨ ᠪᠣᠳᠠᠲᠤ ᠪᠠᠢᠳᠠᠯ ᠠ᠋ᠴᠠ ᠪᠠᠨ ᠡᠭᠦᠰᠴᠦ ᠮᠣᠩᠭᠣᠯ ᠬᠥᠮᠦᠨ ᠬᠠᠮᠢᠭ᠎ᠠ ᠠ᠋ᠴᠠ ᠸᠠᠭᠠᠷ ᠲᠣᠭᠣᠰᠬ᠎ᠠ ᠰᠢᠲᠠᠭᠠᠵᠤ ᠪᠠᠢᠭᠰᠠᠨ ᠶᠤᠮ ᠳᠠ ᠭᠡᠳ ᠶᠤᠸᠠᠨ ᠤ᠋ ᠦᠶ᠎ᠡ ᠶ᠋ᠢᠨ ᠸᠠᠭᠠᠷ ᠲᠣᠭᠣᠰᠬ᠎ᠠ ᠶ᠋ᠢᠨ ᠬᠠᠭᠤᠴᠢ ᠪᠠᠭᠤᠷᠠᠢ ᠶ᠋ᠢ ᠲᠠᠯ᠎ᠠ ᠨᠤᠲᠤᠭ ᠠ᠋ᠴᠠ ᠡᠷᠢᠪᠡᠯ ᠰᠢᠲᠦ ᠤᠨᠠᠭᠰᠠᠨ ᠢᠨᠢᠶᠡᠳᠦᠮ ᠪᠣᠯᠤᠨ᠎ᠠ ᠭᠡᠵᠦ ᠦᠵᠡᠭᠰᠡᠨ ᠠᠵᠢ᠃ᠲᠡᠭᠡᠭᠡᠳ ᠳᠠᠢᠯᠠᠯᠭ᠎ᠠ ᠶ᠋ᠢᠨ ᠰᠢᠷᠡᠭᠡᠨ ᠳᠡᠭᠡᠷ᠎ᠡ ᠸᠠᠭᠠᠷ ᠲᠣᠭᠣᠰᠬ᠎ᠠ ᠶ᠋ᠢ ᠲᠩᠷᠢ ᠡᠴᠡ ᠤᠨᠠᠵᠤ ᠢᠷᠡᠭᠰᠡᠨ ᠳᠣᠮᠣᠭ ᠲᠡᠦᠬᠡ ᠪᠡᠷ ᠲᠠᠢᠯᠪᠤᠷᠢᠯᠠᠳᠠᠭ ᠪᠣᠯᠵᠠᠢ᠃ᠤᠤᠯ ᠨᠢ ᠬᠠᠳᠠᠨ ᠬᠣᠰᠢᠭᠤ ᠠᠭᠤᠯᠠᠨ ᠤ᠋ ᠵᠡᠭᠦᠨ ᠪᠠᠷᠠᠭᠤᠨ ᠬᠠᠳᠠᠨ ᠠᠮᠠ᠂ᠦᠬᠡᠷᠴᠢᠨ ᠣᠪᠣᠭᠠᠨ ᠤ᠋ ᠬᠣᠶᠠᠷ ᠰᠤᠭᠤ᠂ ᠬᠤᠷᠠᠬᠤ ᠶ᠋ᠢᠨ ᠠᠭᠤᠯᠠᠨ ᠤ᠋ ᠠᠷᠤ ᠥᠪᠥᠷ ᠪᠣᠯ ᠨᠡᠢᠳᠡᠮ ᠳ᠋ᠡᠭᠡᠨ ᠪᠠᠭᠯᠠᠭᠠᠷ ᠰᠢᠭᠤᠢ ᠪᠢᠲᠡᠭᠦᠦ ᠲᠦᠩ ᠳ᠋ᠦ᠍ ᠬᠤᠴᠢᠭᠳᠠᠵᠤ ᠴᠣᠬᠣᠮ ᠬᠦ᠌ ᠪᠠᠷᠰ ᠢᠷᠪᠢᠰ ᠰᠦᠯᠵᠢᠯᠳᠦᠭᠰᠡᠨ ᠪᠠᠯᠠᠷ ᠶᠡᠬᠡ ᠣᠢ ᠲᠠᠢ᠂ᠪᠠᠶᠠᠨ ᠰᠦᠷᠦᠭ ᠨᠡᠭᠦᠳᠡᠯᠯᠡᠭᠰᠡᠨ ᠪᠡᠯᠴᠢᠭᠡᠷ ᠡᠪᠡᠰᠦ ᠵᠤᠵᠠᠭᠠᠨ ᠲᠠᠢ᠂ ᠪᠠᠢᠭᠠᠯᠢ ᠶ᠋ᠢᠨ ᠭᠣᠶᠣᠬᠠᠨ ᠨᠤᠲᠤᠭ ᠪᠠᠢᠵᠠᠢ᠃ᠣᠳᠣ ᠡᠳᠡᠭᠡᠷ ᠭᠠᠵᠠᠷ ᠤ᠋ᠨ ᠭᠣᠣᠯ ᠤ᠋ᠨ ᠲᠣᠬᠣᠢ᠂ᠭᠦᠨ ᠡᠷᠭᠢ ᠡᠴᠡ ᠦᠷᠭᠦᠯᠵᠢ᠂ᠭᠠᠷᠴᠤ ᠪᠠᠢᠭ᠎ᠠ ᠲᠡᠪᠡᠷᠢ ᠪᠠᠭᠲᠠᠬᠤ ᠦᠭᠡᠢ ᠪᠦᠳᠦᠭᠦᠨ ᠮᠣᠳᠣᠨ ᠤ᠋ ᠰᠠᠭᠤᠷᠢ ᠨᠤᠭᠤᠳ ᠱᠠᠩᠳᠤ ᠬᠣᠲᠠ ᠶ᠋ᠢ ᠪᠠᠷᠢᠭᠰᠠᠨ ᠮᠣᠳᠣᠨ ᠮᠠᠲ᠋ᠧᠷᠢᠶᠠᠯ ᠤ᠋ᠨ ᠢᠷᠡᠯᠲᠡ ᠶ᠋ᠢ ᠪᠢᠳᠡᠨ ᠳ᠋ᠦ᠍ ᠲᠣᠳᠣᠷᠬᠠᠢᠯᠠᠨ ᠬᠡᠯᠡᠵᠦ ᠥᠭᠴᠦ ᠪᠠᠢᠭ᠎ᠠ ᠪᠢᠯᠡ᠃ᠲᠤᠬᠠᠢ ᠶ᠋ᠢᠨ ᠦᠶᠡᠰ 800ᠭᠠᠵᠠᠷ ᠦᠷᠭᠦᠯᠵᠢᠯᠡᠭᠰᠡᠨ ᠶᠡᠬᠡ ᠨᠠᠷᠠᠰᠤᠨ ᠣᠢ ᠰᠢᠭᠤᠢ ᠪᠠᠢᠭᠰᠠᠨ ᠤ᠋ ᠦᠯᠡᠳᠡᠪᠦᠷᠢ ᠪᠣᠯᠬᠤ ᠦᠬᠡᠷᠴᠢᠨ ᠣᠪᠣᠭᠠᠨ ᠤ᠋ ᠡᠷᠲᠡᠨ ᠦ᠌ ᠪᠠᠯᠠᠷ ᠨᠠᠷᠠᠰᠤ᠂ᠴᠠᠩᠲᠤ ᠶ᠋ᠢᠨ ᠪᠡᠷᠬᠡ᠂ᠬᠡᠢᠪᠤᠩ ᠤ᠋ᠨ ᠪᠢᠲᠡᠭᠦᠦ ᠰᠢᠭᠤᠢ᠂ᠨᠠᠷᠠᠰᠤᠨ ᠪᠤᠯᠠᠭ᠂ᠰᠠᠢᠨᠬᠤᠳᠳᠤᠭ ᠤ᠋ᠨ ᠨᠠᠷᠠᠰᠤᠲᠤ᠂ᠰᠢᠯᠤᠭᠤᠨ ᠬᠥᠬᠡ ᠬᠤᠰᠢᠭᠤᠨ ᠤ᠋ ᠨᠤᠲᠤᠭ ᠳᠡᠪᠢᠰᠬᠡᠷ ᠳᠡᠭᠡᠷ᠎ᠡ ᠱᠠᠩᠳᠤ ᠪᠠᠯᠭᠠᠳ ᠤ᠋ᠨ ᠠᠷᠤ ᠪᠠᠷ ᠪᠠᠷᠠᠭᠤᠨ ᠡᠮᠦᠨ᠎ᠡ ᠡᠴᠡ ᠵᠡᠭᠦᠨ ᠬᠣᠢᠰᠢ ᠬᠡᠰᠡᠭ ᠬᠡᠰᠡᠭ ᠲᠠᠰᠤᠷᠠᠨ ᠦᠷᠭᠦᠯᠵᠢᠯᠡᠵᠦ ᠪᠠᠢᠭ᠎ᠠ ᠪᠢᠯᠡ᠃《 ᠱᠠᠩᠳᠤ ᠶ᠋ᠢᠨ ᠮᠣᠳᠣ ᠣᠭᠲᠣᠯᠬᠤ ᠶ᠋ᠢ ᠬᠠᠮᠢᠶᠠᠷᠬᠤ ᠭᠠᠵᠠᠷ》ᠬᠡᠮᠡᠬᠦ ᠪᠠᠢᠭᠤᠯᠤᠮᠵᠢ ᠪᠠᠢᠭᠰᠠᠨ ᠢ᠋ 《ᠶᠤᠸᠠᠨ ᠤ᠋ ᠲᠡᠦᠬᠡ》 ᠳ᠋ᠦ᠍ ᠲᠡᠮᠳᠡᠭᠯᠡᠭᠰᠡᠨ ᠨᠢ ᠣᠢ ᠮᠣᠳᠣᠨ ᠤ᠋ ᠡᠬᠢ ᠪᠠᠶᠠᠯᠢᠭ ᠵᠤᠵᠠᠭᠠᠨ ᠪᠠᠢᠭᠰᠠᠨ ᠤ᠋ ᠲᠡᠦᠬᠡᠨ ᠪᠠᠷᠢᠮᠲᠠ ᠪᠠᠢᠭ᠎ᠠ ᠪᠢᠵᠡ᠃
ᠬᠤᠪᠢᠯᠠᠢ ᠱᠠᠩᠳᠤ ᠶ᠋ᠢᠨ ᠭᠠᠵᠠᠷ ᠢ᠋ ᠣᠯᠠᠨᠲᠠ ᠪᠣᠳᠣᠯᠬᠢᠯᠠᠨ ᠪᠠᠢᠵᠤ ᠰᠣᠩᠭᠣᠭᠰᠠᠨ ᠪᠥᠭᠡᠳ ᠪᠠᠰᠠ ᠬᠣᠲᠠ ᠪᠠᠢᠭᠤᠯᠬᠤ ᠲᠥᠰᠥᠪ ᠲᠥᠯᠥᠪᠯᠡᠭᠡ ᠶ᠋ᠢ ᠴᠦ᠍ ᠨᠠᠷᠢᠨ ᠨᠢᠮᠪᠠᠢ ᠵᠢᠷᠤᠵᠤ ᠪᠣᠯᠪᠠᠰᠤᠷᠠᠭᠤᠯᠤᠭᠰᠠᠨ ᠶᠤᠮ᠃ᠡᠨᠡ ᠬᠦ᠌ ᠲᠤᠢᠯ ᠤ᠋ᠨ ᠴᠢᠬᠤᠯᠠ ᠠᠵᠢᠯ ᠢ᠋ ᠲᠡᠭᠦᠨ ᠦ᠌ ᠢᠲᠡᠭᠡᠯ ᠢ᠋ ᠭᠦᠨ ᠣᠯᠤᠭᠰᠠᠨ᠂ ᠡᠷᠳᠡᠮ ᠮᠡᠳᠡᠯᠭᠡ ᠳ᠋ᠦ᠍  ᠨᠡᠪᠲᠡᠷᠬᠡᠢ᠂ ᠤᠷ᠎ᠠ ᠳᠠᠷᠬ᠎ᠠ ᠳ᠋ᠤ᠌ ᠴᠠᠭᠠᠷᠠᠭᠰᠠᠨ ᠯᠢᠦ ᠪᠢᠩ ᠵᠦᠩ ᠨᠠᠷ ᠭᠦᠢᠴᠡᠳᠬᠡᠭᠰᠡᠨ ᠪᠠᠢᠯ᠎ᠠ᠃
 ᠱᠠᠩᠳᠤ ᠬᠣᠲᠠ ᠨᠢ ᠲᠡᠭᠰᠢ ᠳᠥᠷᠪᠡᠯᠵᠢᠨ ᠬᠡᠯᠪᠡᠷᠢ ᠲᠡᠢ᠂ᠣᠷᠳᠣᠨ ᠬᠣᠲᠠ ᠪᠠᠷ ᠭᠣᠣᠯ ᠴᠣᠭᠴᠠ ᠪᠣᠯᠭᠠᠨ᠂ ᠣᠷᠳᠣᠨ ᠬᠣᠲᠠ᠂ᠳᠣᠲᠣᠷ᠎ᠠ ᠬᠣᠲᠠ᠂ᠭᠠᠳᠠᠷ ᠬᠣᠲᠠ ᠭᠤᠷᠪᠠᠨ ᠬᠣᠲᠠ ᠪᠠᠷ ᠪᠦᠷᠢᠯᠳᠦᠭᠰᠡᠨ ᠣᠨᠴᠠᠯᠢᠭ ᠨᠢ ᠮᠣᠩᠭᠣᠯ ᠤ᠋ᠨ ᠤᠯᠠᠮᠵᠢᠯᠠᠯᠲᠤ ᠳᠠᠪᠬᠤᠷ ᠬᠦᠷᠢᠶ᠎ᠡ ᠶ᠋ᠢᠨ ᠬᠡᠯᠪᠡᠷᠢ ᠳᠦᠷᠢᠮ ᠪᠢᠯᠡ᠃ᠭᠠᠳᠠᠷ ᠬᠣᠲᠠ ᠳᠠᠭᠠᠤ ᠰᠠᠭᠤᠭᠠᠯᠢ ᠠᠷᠠᠳ ᠤ᠋ᠨ ᠵᠡᠭᠡᠯᠢ ᠭᠤᠳᠤᠮᠵᠢ᠂ ᠴᠤᠭᠯᠠᠭ᠎ᠠ ᠮᠠᠢᠮᠠᠢ ᠶ᠋ᠢᠨ ᠵᠠᠬ᠎ᠠ ᠳᠡᠯᠭᠡᠭᠦᠷ ᠦᠷᠭᠦᠯᠵᠢᠯᠡᠵᠡᠢ᠃ᠬᠣᠲᠠ ᠶ᠋ᠢᠨ ᠲᠡᠭᠦᠷᠭᠡ ᠨᠢ ᠣᠯᠠᠨ ᠵᠢᠵᠢᠭ ᠲᠣᠭᠣᠷᠢᠭ ᠢ᠋ᠶ᠋ᠠᠷ ᠪᠦᠷᠢᠯᠳᠦᠵᠦ ᠪᠠᠢᠭᠰᠠᠨ ᠬᠠᠭᠤᠴᠢ ᠪᠠᠭᠤᠷᠢ ᠨᠢ ᠣᠳᠣ ᠬᠦᠷᠲᠡᠯ᠎ᠡ ᠲᠣᠳᠣ ᠮᠡᠳᠡᠭᠳᠡᠵᠦ ᠪᠣᠢ᠃
                  
ᠭᠠᠳᠠᠷ ᠬᠣᠲᠠ
ᠭᠠᠳᠠᠷ ᠬᠣᠲᠠ ᠶ᠋ᠢᠨ ᠡᠷᠭᠢᠨ ᠲᠣᠭᠣᠷᠢᠨ16 ᠭᠠᠵᠠᠷ᠂334ᠠᠯᠬᠤᠮ ᠬᠠᠩᠳᠠᠵᠤ ᠪᠤᠰᠬᠠᠭᠰᠠᠨ ᠰᠢᠷ᠎ᠠ ᠰᠢᠷᠣᠢ ᠶ᠋ᠢᠨ ᠬᠡᠷᠡᠮ ᠢ᠋ᠶ᠋ᠡᠷ ᠬᠦᠷᠢᠶᠡᠯᠡᠭᠳᠡᠵᠦ ᠬᠡᠷᠡᠮ ᠦ᠋ᠨ ᠭᠠᠳᠠᠭᠤᠷ ᠬᠣᠲᠠ ᠬᠠᠮᠠᠭᠠᠯᠠᠬᠤ ᠤᠰᠤᠲᠤ ᠰᠤᠪᠠᠭ ᠪᠦᠰᠡᠯᠡᠵᠡᠢ᠃
ᠵᠡᠭᠦᠨ᠂ᠪᠠᠷᠠᠭᠤᠨ᠂ᠬᠣᠢᠨ᠎ᠠ ᠭᠤᠷᠪᠠᠨ ᠲᠠᠯ᠎ᠠ ᠶ᠋ᠢᠨ ᠬᠡᠷᠡᠮ ᠳ᠋ᠡᠭᠡᠨ ᠲᠤᠰ ᠪᠦᠷᠢ ᠨᠢᠭᠡ ᠬᠠᠭᠠᠯᠭ᠎ᠠ ᠲᠠᠢ᠂ᠡᠮᠦᠨ᠎ᠡ ᠲᠠᠯ᠎ᠠ ᠶ᠋ᠢᠨ ᠬᠡᠷᠡᠮ ᠳ᠋ᠡᠭᠡᠨ ᠬᠠᠭᠠᠨ ᠤ᠋ ᠬᠣᠲᠠ ᠶ᠋ᠢᠨ ᠬᠠᠭᠠᠯᠭ᠎ᠠ ᠠ᠋ᠴᠠ ᠭᠠᠳᠠᠨ᠎ᠠ ᠪᠠᠰᠠ ᠨᠢᠭᠡ ᠬᠠᠭᠠᠯᠭ᠎ᠠ ᠲᠠᠢ᠃ᠬᠠᠭᠠᠯᠭ᠎ᠠ ᠪᠦᠷᠢ ᠳ᠋ᠦ᠍ ᠳᠥᠷᠪᠡᠯᠵᠢᠨ ᠪᠠ ᠲᠠᠬ᠎ᠠ ᠬᠡᠯᠪᠡᠷᠢ ᠶ᠋ᠢᠨ ᠬᠠᠭᠠᠯᠭᠠᠨ ᠠᠰᠠᠷ ᠬᠠᠯᠬᠠᠪᠴᠢ ᠴᠤᠯᠴᠠᠩ ᠪᠠᠢᠭᠤᠯᠤᠭᠰᠠᠨ ᠪᠠᠢᠯ᠎ᠠ᠃ᠬᠣᠲᠠ ᠶ᠋ᠢᠨ ᠳᠣᠲᠣᠷ᠎ᠠ ᠴᠡᠴᠡᠭ ᠳᠠᠷᠢᠨ ᠮᠣᠳᠣ ᠵᠠᠢᠯᠠᠵᠤ ᠴᠢᠮᠡᠭᠯᠡᠭᠰᠡᠨ ᠢ᠋ᠶ᠋ᠡᠷ ᠠᠭᠤᠯᠠ ᠨᠢᠷᠤᠭᠤ ᠲᠦᠰᠢᠭᠰᠡᠨ ᠪᠠᠷᠠᠭᠤᠨ ᠬᠣᠢᠲᠤ ᠵᠠᠬ᠎ᠠ ᠨᠢ ᠦᠵᠡᠰᠬᠦᠯᠡᠩ ᠴᠡᠴᠡᠭ ᠥᠩᠭᠡ ᠪᠤᠯᠢᠶᠠᠯᠳᠤᠨ ᠮᠢᠷᠠᠯᠵᠠᠵᠤ ᠦᠨᠦᠷᠲᠦ ᠮᠣᠳᠣ ᠨᠠᠷᠠ ᠬᠠᠯᠬᠠᠯᠠᠨ ᠵᠢᠭᠳᠡᠷᠡᠭᠡᠳ ᠴᠡᠭᠴᠡᠦᠬᠡᠢ ᠵᠢᠷᠭᠢᠨ᠂ᠪᠤᠭᠤ ᠬᠠᠨᠳᠠᠭᠠᠢ ᠤᠷᠤᠮᠳᠠᠨ᠎ᠠ᠃ᠭᠠᠳᠠᠷ ᠬᠣᠲᠠ ᠶ᠋ᠢᠨ ᠪᠠᠷᠠᠭᠤᠨ ᠡᠮᠦᠨ᠎ᠡ ᠵᠡᠭᠦᠨ ᠬᠣᠢᠨ᠎ᠠ ᠬᠣᠶᠠᠷ ᠨᠠᠭᠤᠷ ᠴᠡᠩᠬᠡᠷᠯᠡᠵᠦ ᠭᠠᠯᠠᠭᠤ ᠰᠢᠪᠠᠭᠤ ᠭᠠᠩᠭᠠᠨᠠᠯᠳᠤᠨ ᠵᠢᠭᠠᠰᠤ ᠵᠢᠷᠠᠭᠠᠬᠠᠢ ᠴᠣᠯᠭᠢᠨ᠎ᠠ᠃ᠨᠠᠭᠤᠷ ᠤ᠋ᠨ ᠬᠥᠪᠡᠭᠡ ᠪᠡᠷ ᠵᠤᠰᠠᠯᠠᠩ ᠤ᠋ᠨ ᠦᠷᠭᠦᠭᠡ ᠣᠷᠳᠣᠨ ᠦᠷᠭᠦᠯᠵᠢᠯᠡᠵᠡᠢ᠃ᠬᠥᠮᠦᠰ ᠭᠠᠳᠠᠷ ᠬᠣᠲᠠ ᠶ᠋ᠢ ᠴᠡᠴᠡᠷᠯᠢᠭ ᠬᠣᠲᠠ ᠴᠤ᠌ ᠭᠡᠳᠡᠭ ᠪᠢᠯᠡ᠃ᠭᠠᠳᠠᠭᠰᠢ 2ᠭᠠᠵᠠᠷ ᠰᠢᠬᠠᠮ ᠰᠤᠨᠤᠭᠰᠠᠨ ᠵᠡᠭᠦᠨ ᠵᠡᠭᠡᠯᠢ ᠪᠣᠯ ᠭᠠᠳᠠᠷ ᠬᠣᠲᠠ ᠶ᠋ᠢᠨ ᠬᠠᠮᠤᠭ ᠤᠷᠲᠤ ᠵᠡᠭᠡᠯᠢ ᠭᠤᠳᠤᠮᠵᠢ ᠪᠣᠯᠤᠨ᠎ᠠ᠃ᠪᠠᠰᠠ ᠴᠤ᠌ ᠰᠠᠭᠤᠭᠠᠯᠢ ᠢᠷᠭᠡᠨ ᠬᠠᠮᠤᠭ ᠣᠯᠠᠨ ᠲᠠᠢ ᠲᠣᠭᠣᠷᠢᠭ ᠶᠤᠮ᠃
                  
ᠳᠣᠲᠣᠷ᠎ᠠ ᠬᠣᠲᠠ
ᠳᠣᠲᠣᠷ᠎ᠠ ᠬᠣᠲᠠ ᠨᠢ ᠲᠡᠭᠰᠢ ᠳᠥᠷᠪᠡᠯᠵᠢᠨ ᠬᠦᠷᠢᠶ᠎ᠡ ᠲᠡᠢ᠂ ᠡᠷᠭᠢᠨ ᠲᠣᠭᠣᠷᠢᠨ6 ᠭᠠᠵᠠᠷ᠂300 ᠠᠯᠬᠤᠮ᠂ᠳᠠᠷᠤᠢ5600 ᠮᠧᠲ᠋ᠷ᠃ᠬᠡᠷᠡᠮ ᠢ᠋ ᠰᠢᠷ᠎ᠠ ᠰᠢᠷᠣᠢ ᠪᠠᠷ ᠬᠠᠩᠳᠠᠵᠤ ᠪᠤᠰᠬᠠᠭᠠᠳ ᠭᠠᠳᠠᠭᠤᠷ ᠨᠢ ᠴᠢᠯᠠᠭᠤ ᠲᠣᠭᠣᠰᠬ᠎ᠠ ᠪᠠᠷ ᠵᠢᠭᠢᠷᠢᠭ᠌ᠯᠠᠵᠤ ᠪᠠᠷᠢᠵᠠᠢ᠃ᠵᠡᠭᠦᠨ ᠪᠠᠷᠠᠭᠤᠨ ᠬᠡᠷᠡᠮ ᠳ᠋ᠡᠭᠡᠨ ᠲᠤᠰ ᠪᠦᠷᠢ ᠬᠣᠶᠠᠷ ᠬᠠᠭᠠᠯᠭ᠎ᠠ ᠲᠠᠢ᠂ᠡᠮᠦᠨ᠎ᠡ ᠬᠣᠢᠨ᠎ᠠ ᠬᠡᠷᠡᠮ ᠳ᠋ᠡᠭᠡᠨ ᠨᠢᠭᠡ ᠨᠢᠭᠡ ᠬᠠᠭᠠᠯᠭ᠎ᠠ ᠲᠠᠢ᠂ᠡᠮᠦᠨ᠎ᠡ ᠬᠠᠭᠠᠯᠭ᠎ᠠ ᠶ᠋ᠢ ᠮᠢᠩ ᠳᠧ ᠮᠸᠨ ᠬᠠᠭᠠᠯᠭ᠎ᠠ ᠬᠡᠮᠡᠮᠦᠢ᠃ᠲᠠᠰᠢᠬᠤ ᠨᠠᠷᠠᠨ ᠤ᠋ ᠤᠯᠠᠭᠠᠨ ᠡᠭᠦᠯᠡᠰ᠂ᠳᠡᠯ ᠮᠣᠳᠣᠨ ᠤ᠋ ᠬᠠᠯᠢᠰᠤ ᠮᠡᠲᠦ᠂ ᠲᠦᠮᠡᠨ ᠴᠡᠷᠢᠭ ᠦ᠋ᠨ ᠤᠷᠲᠤ ᠴᠤᠪᠤᠭ᠎ᠠ᠂ ᠮᠢᠩ ᠳᠧ ᠮᠸᠨ ᠢ᠋ᠶ᠋ᠡᠷ ᠥᠩᠭᠡᠷᠡᠨᠡᠮ᠃
ᠳᠣᠲᠣᠷ᠎ᠠ ᠬᠣᠲᠠ ᠶ᠋ᠢᠨ ᠵᠡᠭᠡᠯᠢ ᠭᠤᠳᠤᠮᠵᠢ ᠳᠠᠷᠢ ᠲᠡᠭᠰᠢ᠂ᠠᠰ ᠡᠮᠦᠨᠡᠰᠢ ᠬᠠᠨᠳᠤᠭᠰᠠᠨ ᠶᠡᠬᠡ ᠵᠡᠭᠡᠯᠢ ᠪᠡᠷ ᠭᠣᠣᠯ ᠲᠥᠪ ᠪᠣᠯᠭᠠᠨ ᠵᠡᠭᠦᠨᠰᠢ ᠪᠠᠷᠠᠭᠤᠨᠰᠢ ᠨᠠᠷᠢᠨ ᠵᠡᠭᠡᠯᠢ ᠲᠣᠭᠣᠨᠣᠯᠵᠢᠯᠠᠨ ᠳᠣᠲᠣᠷ᠎ᠠ ᠬᠣᠲᠠ ᠶ᠋ᠢ ᠳᠥᠷᠪᠡᠨ ᠲᠣᠭᠣᠷᠢᠭ ᠬᠤᠪᠢᠶᠠᠵᠠᠢ᠃ᠶᠡᠬᠡ ᠵᠡᠭᠡᠯᠢ ᠶ᠋ᠢᠨ ᠥᠷᠭᠡᠨ ᠨᠢ30ᠰᠢᠬᠠᠮ ᠠᠯᠬᠤᠮ᠂25 ᠮᠧᠲ᠋ᠷ᠃ᠨᠠᠷᠢᠨ ᠵᠡᠭᠡᠯᠢ ᠶ᠋ᠢᠨ ᠥᠷᠭᠡᠨ ᠨᠢ 20ᠰᠢᠬᠠᠮ ᠠᠯᠬᠤᠮ᠂15ᠮᠧᠲ᠋ᠷ᠃ᠲᠡᠦᠬᠡᠨ ᠲᠡᠮᠳᠡᠭᠯᠡᠯ ᠢ᠋ ᠦᠨᠳᠦᠰᠦᠯᠡᠪᠡᠯ ᠪᠠᠷᠠᠭᠤᠨ ᠬᠣᠢᠨ᠎ᠠ᠂ᠡᠮᠦᠨ᠎ᠡ ᠬᠠᠪᠢ ᠪᠣᠯ ᠳᠣᠣᠷᠠᠲᠤ ᠳᠡᠰ ᠦ᠋ᠨ ᠨᠣᠶᠠᠳ ᠲᠦᠰᠢᠮᠡᠳ ᠦ᠋ᠨ ᠰᠠᠭᠤᠬᠤ ᠣᠷᠣᠨ ᠰᠠᠭᠤᠴᠠ ᠶ᠋ᠢᠨ ᠲᠣᠭᠣᠷᠢᠭ ᠪᠠᠢᠵᠠᠢ᠃
                
ᠣᠷᠳᠣᠨ ᠬᠣᠲᠠ
ᠳᠣᠲᠣᠷ᠎ᠠ ᠬᠣᠲᠠ ᠶ᠋ᠢᠨ ᠠᠷᠤ ᠬᠠᠭᠠᠯᠭ᠎ᠠ ᠪᠠᠷ ᠭᠠᠷᠴᠤ ᠠᠭᠤᠳᠠᠮ ᠲᠠᠯᠠᠪᠠᠢ ᠶ᠋ᠢ ᠥᠩᠭᠡᠷᠡᠪᠡᠯ ᠣᠷᠳᠣᠨ ᠬᠣᠲᠠ ᠳ᠋ᠤ᠌ ᠣᠷᠣᠬᠤ ᠪᠣᠯᠤᠨ᠎ᠠ᠃ᠪᠠᠰᠠ ᠬᠠᠭᠠᠨ ᠤ᠋ ᠬᠣᠲᠠ ᠭᠡᠳᠡᠭ᠃ ᠣᠷᠳᠣᠨ ᠬᠣᠲᠠ ᠶ᠋ᠢᠨ ᠠᠰ ᠠᠷᠤ ᠬᠠᠪᠢ ᠳ᠋ᠤ᠌ ᠬᠠᠭᠠᠨ ᠣᠷᠳᠣᠨ ᠰᠦᠨᠳᠡᠷᠯᠡᠵᠦ ᠵᠡᠭᠦᠨ ᠬᠣᠢᠲᠤ ᠥᠨᠴᠥᠭ ᠲᠤᠨᠢ ᠬᠤᠸᠠ ᠶᠠᠨ ᠰᠧ ᠬᠡᠢᠳ᠂ ᠪᠠᠷᠠᠭᠤᠨ ᠬᠣᠢᠲᠤ ᠥᠨᠴᠥᠭ ᠲᠤᠨᠢ ᠴᠢᠶᠠᠨ ᠶᠤᠸᠠᠨ ᠰᠧ ᠬᠡᠢᠳ ᠪᠠᠢᠷᠢᠯᠠᠨ᠎ᠠ᠃ᠬᠠᠭᠠᠨ ᠣᠷᠳᠣᠨ ᠤ᠋ ᠬᠡᠷᠡᠮ ᠢ᠋ ᠮᠥᠨ ᠰᠢᠷ᠎ᠠ ᠰᠢᠷᠣᠢ ᠪᠠᠷ ᠬᠠᠩᠳᠠᠵᠤ ᠪᠣᠰᠬᠠᠭᠠᠳ ᠬᠥᠬᠡ ᠲᠣᠭᠣᠰᠬ᠎ᠠ ᠪᠠᠷ ᠭᠠᠳᠠᠷᠯᠠᠨ ᠵᠢᠭᠢᠷᠢᠭᠯᠡᠵᠦ ᠥᠩᠭᠡᠯᠡᠵᠡᠢ᠃ᠵᠡᠭᠦᠨᠰᠢ ᠪᠠᠷᠠᠭᠤᠨᠰᠢ 570ᠮᠧᠲ᠋ᠷ ᠥᠷᠭᠡᠨ᠂ᠡᠮᠦᠨᠡᠰᠢ ᠬᠣᠢᠰᠢ620 ᠮᠧᠲ᠋ᠷ ᠤᠷᠲᠤ᠂ ᠵᠡᠭᠦᠨ᠂ᠪᠠᠷᠠᠭᠤᠨ᠂ᠡᠮᠦᠨ᠎ᠡ ᠭᠤᠷᠪᠠᠨ ᠬᠠᠭᠠᠯᠭ᠎ᠠ ᠪᠠᠷ ᠳᠣᠲᠣᠷ᠎ᠠ ᠬᠣᠲᠠ ᠲᠠᠢ ᠨᠡᠪᠲᠡᠷᠡᠨ᠎ᠡ᠃ᠡᠮᠦᠨ᠎ᠡ ᠬᠠᠭᠠᠯᠭ᠎ᠠ ᠶ᠋ᠢ ᠢᠦᠢ ᠲᠢᠶᠠᠨ ᠮᠸᠨ ᠬᠠᠭᠠᠯᠭ᠎ᠠ ᠬᠡᠮᠡᠮᠦᠢ᠃ᠬᠠᠭᠠᠨ ᠣᠷᠳᠣᠨ ᠤ᠋ ᠡᠮᠦᠨ᠎ᠡ ᠮᠣᠩᠭᠣᠯ ᠤ᠋ᠨ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠡᠷ᠎ᠡ ᠶ᠋ᠢᠨ ᠭᠤᠷᠪᠠᠨ ᠨᠠᠭᠠᠳᠤᠮ ᠮᠥᠷᠥᠢᠴᠡᠬᠦ ᠠᠭᠤᠵᠢᠮ ᠰᠠᠢᠬᠠᠨ ᠨᠠᠢᠷ ᠤ᠋ᠨ ᠲᠠᠯᠠᠪᠠᠢ ᠭᠠᠷᠭᠠᠭᠰᠠᠨ ᠪᠠᠢᠨ᠎ᠠ᠃ᠡᠨᠡ ᠨᠢ ᠬᠣᠵᠢᠮ ᠤ᠋ᠨ ᠬᠣᠲᠠ ᠪᠠᠯᠭᠠᠰᠤ ᠪᠠᠢᠭᠤᠯᠬᠤ ᠲᠥᠰᠥᠪ ᠵᠢᠷᠤᠭ ᠲᠤ᠌ ᠦᠯᠢᠭᠡᠷ ᠪᠣᠯᠵᠤ ᠶᠡᠬᠡᠬᠡᠨ ᠨᠥᠯᠥᠭᠡ ᠦᠵᠡᠭᠦᠯᠦᠭᠰᠡᠨ ᠶᠤᠮ᠃ᠶᠤᠸᠠᠨ ᠤᠯᠤᠰ ᠠ᠋ᠴᠠ ᠬᠣᠢᠰᠢ ᠤᠷᠲᠤ ᠬᠠᠷᠰᠢ ᠪᠠᠢᠭᠤᠯᠬᠤ ᠳ᠋ᠤ᠌ ᠡᠮᠦᠨ᠎ᠡ ᠨᠢ ᠠᠭᠤᠳᠠᠮ ᠥᠷᠭᠡᠨ ᠨᠠᠢᠷ ᠤ᠋ᠨ ᠲᠠᠯᠠᠪᠠᠢ ᠭᠠᠷᠭᠠᠳᠠᠭ ᠪᠣᠯᠪᠠ᠃ᠪᠦᠯᠦᠭ ᠪᠦᠯᠦᠭ ᠤᠷᠲᠤ ᠬᠠᠷᠰᠢ᠂ᠠᠰᠠᠷ ᠲᠠᠭᠲᠤ ᠶ᠋ᠢᠨ ᠳᠤᠮᠳᠠᠭᠤᠷ ᠮᠠᠯᠲᠠᠮᠠᠯ ᠴᠥᠭᠥᠷᠥᠮ ᠮᠡᠯᠮᠡᠯᠵᠡᠵᠦ ᠲᠠᠲᠠᠮᠠᠯ ᠭᠣᠣᠯ ᠤᠭᠠᠯᠵᠠᠯᠠᠨ ᠪᠤᠯᠠᠭ ᠤᠰᠤ ᠪᠤᠷᠭᠢᠯᠤᠨ᠎ᠠ᠃ᠤᠰᠤᠨ ᠤ᠋ ᠬᠥᠪᠡᠭᠡ ᠪᠡᠷ ᠤᠳᠠᠨ ᠰᠢᠭᠤᠢ ᠪᠠᠭᠯᠠᠷᠠᠨ ᠨᠠᠷᠠᠰᠤ ᠮᠠᠢᠯᠠᠰᠤ ᠴᠡᠯᠭᠡᠷᠡᠵᠦ᠂ᠴᠡᠴᠡᠭ ᠨᠠᠪᠴᠢ ᠥᠩᠭᠡ ᠢᠯᠭᠠᠷᠠᠨ᠂ᠴᠡᠭᠴᠡᠦᠬᠡᠢ ᠰᠢᠪᠠᠭᠤᠳ ᠤᠶᠠᠬᠠᠨ ᠳᠣᠩᠭᠣᠳᠤᠭᠠᠳ᠂ᠬᠡᠭᠡᠷ᠎ᠡ ᠬᠥᠳᠡᠭᠡ ᠶ᠋ᠢᠨ ᠦᠵᠡᠰᠬᠦᠯᠡᠩ ᠰᠠᠢᠬᠠᠨ ᠪᠢᠯᠬᠠᠮ᠎ᠠ ᠠᠵᠢ 
              
   ᠶᠡᠬᠡ ᠠᠮᠤᠭᠤᠯᠠᠩ ᠬᠠᠷᠰᠢ
ᠶᠡᠬᠡ ᠠᠮᠤᠭᠤᠯᠠᠩ ᠬᠠᠷᠰᠢ ᠪᠣᠯ ᠬᠠᠭᠠᠨ ᠣᠷᠳᠣᠨ ᠤ᠋ ᠬᠣᠲᠠ ᠶ᠋ᠢᠨ ᠭᠣᠣᠯ ᠪᠠᠷᠢᠯᠭ᠎ᠠ ᠶ᠋ᠢᠨ ᠨᠢᠭᠡ᠂ᠱᠠᠩᠳᠤ ᠨᠡᠢᠰᠯᠡᠯ ᠦ᠋ᠨ ᠪᠡᠯᠭᠡ ᠲᠡᠮᠳᠡᠭ ᠪᠣᠯᠤᠨ᠎ᠠ᠃ᠬᠤᠪᠢᠯᠠᠢ ᠰᠡᠴᠡᠨ ᠬᠠᠭᠠᠨ ᠤ᠋ ᡁᠢ ᠶᠤᠸᠠᠨ ᠤ᠋ ᠭᠤᠷᠪᠠᠳᠤᠭᠠᠷ ᠣᠨ ᠳ᠋ᠤ᠌ ᠪᠠᠷᠢᠯᠭ᠎ᠠ ᠶ᠋ᠢᠨ ᠠᠵᠢᠯ ᠲᠡᠭᠦᠰᠴᠦ ᠶᠡᠬᠡ ᠠᠮᠤᠭᠤᠯᠠᠩ ᠬᠠᠷᠰᠢ ᠠᠰᠢᠭᠯᠠᠯᠲᠠ ᠳ᠋ᠤ᠌ ᠣᠷᠣᠪᠠ᠃《ᠲᠩᠷᠢ ᠶ᠋ᠢ ᠪᠠᠭᠠᠨᠠᠳᠠᠭᠰᠠᠨ ᠤᠷᠳᠤᠳ᠂ᠳᠡᠭᠡᠳᠦ ᠨᠡᠢᠰᠯᠡᠯ ᠢ᠋ ᠴᠢᠮᠡᠭᠯᠡᠷᠦᠨ᠂ᠲᠥᠷᠥ ᠭᠦᠷᠦᠨ ᠦ᠌ ᠠᠮᠤᠭᠤᠯᠠᠩ ᠬᠠᠷᠰᠢ᠂ᠲᠡᠭᠦᠨ ᠦ᠌ ᠳᠤᠮᠳᠠ ᠰᠦᠷᠯᠢᠭ》᠂《ᠠᠮᠤᠭᠤᠯᠠᠩ ᠨᠡᠷᠡᠲᠦ ᠶᠡᠬᠡ ᠬᠠᠷᠰᠢ᠂ᠰᠠᠷᠠᠨ ᠣᠷᠳᠣᠨ ᠯᠤᠭ᠎ᠠ ᠵᠡᠷᠭᠡᠴᠡᠭᠡᠳ ᠠᠰᠤᠷᠢ ᠲᠩᠷᠢ ᠡᠴᠡ ᠲᠤᠬᠤᠢᠬᠠᠠ ᠬᠢᠷᠢ ᠵᠠᠢᠲᠠᠢ᠂ᠠᠶᠠᠰ ᠤ᠋ᠨ ᠰᠠᠯᠬᠢ ᠢᠯᠪᠢᠮᠦᠢ᠃ᠶᠡᠬᠡ ᠶᠤᠸᠠᠨ ᠤᠯᠤᠰ ᠤ᠋ᠨ ᠬᠠᠭᠠᠳ ᠣᠷᠣ ᠵᠠᠯᠭᠠᠮᠵᠢᠯᠠᠨ ᠰᠠᠭᠤᠷᠢᠨ ᠳ᠋ᠤ᠌ ᠰᠠᠭᠤᠬᠤ ᠲᠥᠷᠥ ᠶ᠋ᠢᠨ ᠶᠡᠬᠡ ᠶᠣᠰᠣᠯᠠᠯ᠂ ᠡᠵᠡᠨ ᠲᠦᠰᠢᠮᠡᠯ ᠦ᠋ᠨ ᠵᠣᠯᠭᠠᠯᠲᠠ᠂ ᠨᠠᠢᠷ ᠬᠤᠷᠢᠮ ᠢ᠋ ᠪᠦᠷ ᠶᠡᠬᠡ ᠠᠮᠤᠭᠤᠯᠠᠩ ᠬᠠᠷᠰᠢ ᠳ᠋ᠤ᠌ ᠦᠪᠡᠳᠡᠭᠰᠢ ᠶᠡᠬᠡ ᠪᠡᠷ ᠬᠢᠳᠡᠭ ᠪᠠᠢᠵᠠᠢ᠃ᠠᠮᠤᠭᠤᠯᠠᠩ ᠬᠠᠷᠰᠢ ᠶ᠋ᠢᠨ ᠳᠡᠭᠡᠳᠦ ᠳᠠᠪᠬᠤᠷ ᠲᠤ᠌ ᠱᠠᠭᠵᠠᠮᠤᠨᠢ ᠶ᠋ᠢᠨ ᠲᠣᠮᠣ ᠬᠥᠷᠥᠭ ᠢ᠋ ᠵᠠᠯᠠᠭᠰᠠᠨ ᠲᠤᠯᠠ ᠬᠤᠷᠠᠯ ᠨᠣᠮ ᠤ᠋ᠨ ᠶᠡᠬᠡ ᠤᠩᠰᠢᠯᠭ᠎ᠠ ᠶ᠋ᠢ ᠴᠦ᠍ ᠡᠨᠳᠡ ᠬᠢᠳᠡᠭ ᠠᠵᠢ᠃ᡁᠢ ᠶᠤᠸᠠᠨ ᠤ᠋ ᠭᠤᠴᠢᠨ ᠨᠢᠭᠡᠳᠦᠭᠡᠷ ᠣᠨ(1294ᠣᠨ) ᠳ᠋ᠤ᠌ ᠪᠣᠷᠵᠢᠭᠢᠨ ᠣᠪᠣᠭᠲᠤ ᠲᠡᠮᠦᠷ᠂ᠶᠡᠬᠡ ᠠᠮᠤᠭᠤᠯᠠᠩ ᠬᠠᠷᠰᠢ ᠳ᠋ᠤ᠌ ᠶᠤᠸᠠᠨ ᠤᠯᠤᠰ ᠤ᠋ᠨ ᠬᠠᠭᠠᠨ ᠰᠠᠭᠤᠷᠢᠨ ᠳ᠋ᠤ᠌ ᠰᠠᠭᠤᠵᠤ᠂ᠣᠨ ᠤ᠋ ᠴᠣᠯᠠ ᠶ᠋ᠢ ᠶᠤᠸᠠᠨ ᠵᠸᠨ ᠦ᠌ ᠲᠡᠷᠢᠭᠦᠨ ᠣᠨ ᠬᠡᠮᠡᠪᠡᠢ᠃
ᠶᠡᠬᠡ ᠶᠤᠸᠠᠨ ᠤᠯᠤᠰ ᠤ᠋ᠨ ᠶᠢᠰᠦᠳᠦᠭᠡᠷ ᠬᠠᠭᠠᠨ ᠡᠵᠡᠨ ᠱᠤᠳᠪᠠᠯᠠ ᠬᠠᠭᠠᠨ᠂ᡁᠢ ᡁᠢ ᠶ᠋ᠢᠨ ᠭᠤᠷᠪᠠᠳᠤᠭᠠᠷ ᠣᠨ ᠳ᠋ᠤ᠌ ᠶᠡᠬᠡ ᠠᠮᠤᠭᠤᠯᠠᠩ ᠬᠠᠷᠰᠢ ᠳ᠋ᠤ᠌ ᠭᠠᠷᠴᠤ ᠪᠣᠭᠳᠠ ᠴᠢᠩᠭᠢᠰ ᠪᠠ ᠬᠤᠪᠢᠯᠠᠢ ᠰᠡᠴᠡᠨ ᠬᠠᠭᠠᠨ ᠤ᠋ ᠡᠮᠦᠰᠴᠦ ᠡᠳ᠋ᠯᠡᠵᠦ ᠪᠠᠢᠭᠰᠠᠨ ᠳᠠᠪᠬᠤᠷ ᠳᠠᠪᠬᠤᠷ ᠨᠥᠬᠥᠭᠡᠰᠦ ᠪᠦᠬᠦᠢ ᠬᠤᠪᠴᠠᠰᠤ ᠬᠤᠨᠠᠷ ᠢ᠋ ᠤᠳᠠᠲᠠᠯ᠎ᠠ ᠬᠦᠨᠳᠦᠳᠬᠡᠨ ᠪᠠᠷᠠᠯᠠᠭᠰᠠᠭᠠᠷ ᠳᠠᠭᠠᠯᠲᠠ ᠲᠦᠰᠢᠮᠡᠯ ᠳ᠋ᠡᠭᠡᠨ᠄《ᠳᠡᠭᠡᠳᠦᠰ ᠡᠵᠡᠨ ᠲᠥᠷᠥ ᠭᠦᠷᠦᠨ ᠢ᠋ ᠪᠠᠢᠭᠤᠯᠬᠤ ᠶᠡᠬᠡ ᠦᠢᠯᠡᠰ ᠢ᠋ ᠪᠦᠲᠦᠭᠡᠬᠦ ᠶ᠋ᠢᠨ ᠲᠥᠯᠥᠭᠡ ᠲᠦᠮᠡᠨ ᠪᠡᠷᠬᠡᠰᠢᠶᠡᠯ ᠦ᠋ᠨ ᠳᠤᠮᠳᠠᠭᠤᠷ ᠨᠢᠮᠭᠡᠨ ᠢ᠋ ᠡᠮᠦᠰᠦᠨ᠂ᠰᠢᠩᠭᠡᠨ ᠢ᠋ ᠵᠣᠭᠣᠭᠯᠠᠵᠤ ᠵᠠᠷᠤᠵᠤ ᠬᠡᠷᠡᠭᠯᠡᠬᠦ ᠪᠡᠨ ᠠᠷᠪᠢᠯᠠᠭᠰᠠᠨ ᠪᠥᠭᠡᠲᠡᠯ᠎ᠡ ᠮᠡᠬᠦᠰ ᠪᠢ ᠶᠠᠮᠠᠷ ᠠᠶᠤᠮᠰᠢᠭ ᠦᠭᠡᠢ ᠤᠮᠠᠷᠲᠠᠨ ᠣᠮᠲᠣᠭᠠᠢᠯᠠᠵᠤ ᠬᠢᠯᠭᠠᠰᠤᠨ ᠲᠡᠳᠦᠢ ᠵᠥᠷᠢᠴᠡᠵᠦ ᠪᠣᠯᠬᠤ ᠠᠵᠢ》ᠬᠡᠮᠡᠪᠡ᠃ᡁᠢ ᡁᠢ ᠶ᠋ᠢᠨ ᠣᠨ ᠤ᠋ ᠡᠬᠢᠨ ᠦᠶ᠎ᠡ ᠳ᠋ᠦ᠍ ᠶᠡᠬᠡ ᠠᠮᠤᠭᠤᠯᠠᠩ ᠬᠠᠷᠰᠢ ᠳ᠋ᠤ᠌ ᠪᠤᠷᠬᠠᠨ ᠪᠦᠲᠦᠭᠡᠬᠦ ᠦᠢᠯᠡᠰ ᠢ᠋ ᠶᠡᠬᠡᠳᠡ ᠡᠷᠬᠢᠯᠡᠭᠰᠡᠨ ᠪᠠᠢᠵᠠᠢ᠃ᡁᠢ ᡁᠢ ᠶ᠋ᠢᠨ ᠲᠡᠷᠢᠭᠦᠨ ᠣᠨ ᠳ᠋ᠤ᠌  ᠠᠶᠤᠷᠪᠠᠷᠪᠠᠳᠠ ᠬᠠᠭᠠᠨ ᠤ᠋ ᠭᠠᠰᠢᠭᠤᠳᠠᠯ ᠤ᠋ᠨ ᠶᠡᠬᠡ ᠲᠠᠬᠢᠯᠭ᠎ᠠ ᠶ᠋ᠢ ᠠᠮᠤᠭᠤᠯᠠᠩ ᠬᠠᠷᠰᠢ ᠳ᠋ᠤ᠌ ᠶᠠᠪᠤᠭᠤᠯᠪᠠᠢ᠃ᠨᠢᠭᠡᠨ ᠤᠳᠠᠭ᠎ᠠ ᠠᠱᠠᠪᠤᠬ᠎ᠠ ᠱᠠᠩᠳᠤ ᠬᠣᠲᠠᠨ᠎ᠠ ᠬᠦᠷᠴᠦ ᠳᠣᠲᠣᠭᠰᠢ ᠣᠷᠳᠣᠨ ᠳ᠋ᠤ᠌ ᠣᠷᠣᠬᠤ ᠳ᠋ᠤ᠌ ᠬᠦᠷᠢᠶ᠎ᠡ ᠳᠦᠭᠦᠷᠡᠩ ᠡᠪᠡᠰᠦ ᠴᠡᠯᠭᠡᠷᠡᠵᠦ ᠰᠢᠭᠦᠳᠡᠷᠢ ᠶ᠋ᠢᠨ ᠤᠰᠤ ᠰᠤᠪᠤᠳ ᠮᠡᠲᠦ ᠭᠢᠯᠲᠠᠭᠠᠨᠠᠬᠤᠶ᠎ᠠ ᠲᠡᠷᠡ ᠬᠥᠯ ᠨᠢᠴᠦᠭᠦᠯᠡᠨ ᠶᠠᠪᠤᠪᠠᠢ᠃ᠬᠠᠭᠠᠨ ᠡᠵᠡᠨ ᠶᠡᠬᠡ ᠠᠮᠤᠭᠤᠯᠠᠩ ᠬᠠᠷᠰᠢ ᠠ᠋ᠴᠠ ᠣᠯᠵᠤ ᠦᠵᠡᠭᠡᠳ ᠠᠱᠠᠪᠤᠬ᠎ᠠ ᠶ᠋ᠢᠨ ᠬᠢᠴᠢᠶᠡᠩᠭᠦᠢ ᠯᠠᠪᠳᠠᠭᠤᠨ᠂ᠦᠨᠡᠨᠴᠢ ᠰᠢᠳᠤᠷᠭᠤ ᠶ᠋ᠢ ᠳᠤᠷᠠᠳᠤᠨ ᠥᠭᠦᠯᠡᠵᠦ ᠵᠠᠷᠤᠴᠠ ᠲᠦᠰᠢᠮᠡᠯ ᠢ᠋ᠶ᠋ᠡᠨ ᠰᠤᠷᠭᠠᠵᠤᠬᠤᠢ᠃
              
 ᠪᠣᠯᠣᠷ ᠣᠷᠳᠣᠨ
ᠮᠣᠩᠭᠣᠯ ᠭᠡᠷ ᠮᠡᠲᠦ ᠲᠥᠪ ᠲᠥᠭᠥᠷᠢᠭ ᠬᠣᠶᠠᠷ ᠪᠣᠯᠣᠷ ᠣᠷᠳᠣᠨ ᠢ᠋ ᠤᠰᠤᠨ ᠤ᠋ ᠳᠤᠮᠳᠠ ᠪᠠᠢᠭᠤᠯᠵᠤ ᠭᠠᠯ ᠰᠢᠯ ᠢ᠋ᠶ᠋ᠡᠷ ᠭᠠᠳᠠᠷᠯᠠᠨ ᠴᠢᠮᠡᠭᠰᠡᠨ ᠲᠤᠯᠠ ᠨᠠᠷᠠᠨ ᠤ᠋ ᠭᠡᠷᠡᠯ ᠳ᠋ᠦ᠍ ᠳᠥᠷᠪᠡᠨ ᠵᠦᠭ ᠲᠤᠶᠠᠭ᠎ᠠ ᠰᠠᠴᠤᠷᠠᠭᠠᠳ ᠯᠤᠤᠰ ᠤ᠋ᠨ ᠣᠷᠳᠣᠨ ᠮᠡᠲᠦ ᠦᠵᠡᠰᠬᠦᠯᠡᠩ᠃ ᠪᠣᠯᠣᠷ ᠣᠷᠳᠣᠨ ᠨᠢ ᠬᠠᠭᠠᠨ ᠡᠵᠡᠨ ᠦ᠌ ᠰᠡᠷᠢᠭᠦᠴᠡᠬᠦ ᠵᠤᠰᠠᠯᠠᠩ ᠤ᠋ᠨ ᠰᠡᠷᠢᠭᠦᠨ ᠣᠷᠳᠣᠨ ᠤ᠋ ᠨᠢᠭᠡ ᠶᠤᠮ᠃ᠮᠥᠩᠭᠥᠨ ᠴᠡᠴᠡᠭ᠂ ᠮᠦᠯᠰᠤᠨ ᠨᠠᠪᠴᠢ ᠵᠡᠭᠦᠨ ᠪᠠᠷᠠᠭᠤᠨ᠎ᠠ ᠭᠢᠯᠠᠰᠤᠷᠤᠨ᠂ ᠬᠠᠰ ᠤ᠋ᠨ ᠰᠠᠭᠤᠳᠠᠯ ᠽᠠᠨᠳᠠᠨ ᠢᠰᠡᠷᠢ ᠰᠡᠷᠢᠭᠦᠦ ᠲᠡᠳᠡᠨ ᠰᠡᠨᠩᠭᠢᠨᠡᠮᠣᠢ᠃ ᠪᠣᠯᠣᠷ ᠣᠷᠳᠣᠨ ᠳ᠋ᠤ᠌ ᠬᠣᠪᠣᠷ ᠴᠤᠬᠠᠭ ᠡᠳ᠋ ᠡᠷᠳᠡᠨᠢᠰ᠂ᠲᠠᠨ᠎ᠠ ᠰᠤᠪᠤᠳ᠂ᠡᠷᠲᠡᠨ ᠡᠳᠦᠭᠡ ᠶ᠋ᠢᠨ ᠡᠷᠬᠢᠮ ᠰᠣᠨᠢᠨ ᠡᠳ᠋ᠯᠡᠯ ᠬᠡᠷᠡᠭᠰᠡᠯ ᠢ᠋ ᠥᠷᠥᠵᠦ ᠲᠠᠯᠪᠢᠭᠰᠠᠨ ᠨᠢ ᠥᠩᠭᠡ ᠪᠤᠯᠢᠶᠠᠯᠳᠤᠨ ᠨᠢᠳᠦ ᠡᠷᠢᠶᠡᠯᠵᠡᠭᠦᠯᠦᠨ᠎ᠡ᠃ᠴᠠᠭᠠᠨ ᠬᠠᠰ ᠤ᠋ᠨ ᠬᠠᠯᠬᠠᠪᠴᠢ᠂ᠨᠣᠭᠣᠭᠠᠨ ᠬᠠᠰ ᠤ᠋ᠨ ᠬᠥᠭᠥᠷᠭᠡ ᠱᠠᠯᠠ᠂ᠣᠭ᠌ᠶᠤ᠂ᠮᠠᠨᠤ᠂ᠨᠠᠯ ᠱ᠌ᠢᠷᠦ ᠳᠤᠯᠠᠭᠠᠰᠢ ᠦᠭᠡᠢ ᠠᠵᠠᠢ᠃ᠡᠵᠡᠨ ᠬᠠᠭᠠᠨ ᠪᠣᠯᠣᠷ ᠣᠷᠳᠣᠨ ᠳ᠋ᠤᠷ ᠬᠤᠷᠢᠮ ᠨᠠᠢᠷ ᠲᠠᠯᠪᠢᠬᠤᠶ᠎ᠠ ᠰᠡᠷᠢᠭᠦᠨ ᠦᠷᠭᠦᠭᠡ ᠳᠡᠭᠲᠡᠷᠯᠡᠨ ᠵᠢᠭᠳᠡᠷᠡᠭᠡᠳ ᠣᠭ᠌ᠶᠤ ᠶ᠋ᠢᠨ ᠭᠡᠷᠡᠯ ᠰᠠᠴᠤᠷᠠᠨ᠂ᠱ᠌ᠢᠷᠦ ᠶ᠋ᠢᠨ ᠲᠡᠪᠡᠯᠳᠡᠨ᠂ᠴᠡᠴᠡᠭ ᠦ᠋ᠨ ᠮᠠᠯᠠᠭᠠᠢᠳᠠᠨ ᠬᠡᠰᠢᠭ ᠲᠣᠷ ᠪᠡᠶᠡᠰᠴᠦ ᠪᠢᠯᠠᠷ ᠪᠢᠰᠬᠢᠭᠦᠷ ᠦ᠋ᠨ ᠢᠷᠠᠭᠤ ᠡᠬᠡᠰᠢᠭ ᠠᠭᠠᠷ ᠬᠦᠯᠦᠭ᠌ᠯᠠᠨ ᠳᠠᠭᠤᠷᠢᠰᠤᠷᠤᠨ᠂ᠪᠣᠯᠣᠷ ᠡᠷᠳᠡᠨᠢ ᠶ᠋ᠢᠨ ᠪᠠᠭᠤᠳᠠᠯ ᠬᠠᠷᠰᠢ ᠬᠦᠵᠢᠰ ᠦ᠋ᠨ ᠦᠨᠦᠷ ᠲᠡᠢ ᠵᠡᠷᠭᠡᠯᠭᠡᠨᠳᠦᠨᠡᠮ᠃ 
 
   ᠪᠠᠶᠠᠰᠬᠤᠯᠠᠩ ᠬᠠᠷᠰᠢ
ᠠᠷᠴᠠ ᠠᠩᠬᠢᠯᠤᠭᠰᠠᠨ ᠰᠡᠢᠯᠪᠦᠷᠢᠲᠦ ᠰᠢᠷᠡᠭᠡᠨ᠎ᠡ ᠬᠠᠰ ᠲᠠᠨ᠎ᠠ ᠮᠢᠷᠠᠯᠵᠠᠭᠠᠳ᠂ᠠᠯᠲᠠᠨ ᠮᠠᠯᠤ ᠳ᠋ᠤᠷ ᠬᠠᠩᠬᠤᠯᠤᠮ᠎ᠠ ᠰᠠᠷᠬᠤᠳ ᠬᠤᠨᠳᠠᠭ᠎ᠠ ᠳᠦᠭᠦᠷᠡᠩ ᠮᠡᠯᠮᠡᠯᠵᠡᠨᠡᠮ᠂ᠬᠠᠰ ᠴᠠᠭᠠᠨ ᠬᠤᠷᠠᠬᠤ ᠠᠭᠤᠯᠠ ᠬᠠᠭᠠᠨ ᠤ᠋ ᠣᠷᠳᠣᠨ ᠢ᠋ ᠬᠦᠷᠢᠶᠡᠯᠡᠭᠡᠳ᠂ᠬᠠᠨ ᠲᠡᠭᠷᠢ ᠶ᠋ᠢᠨ ᠶᠣᠣ ᡂᠢ ᠨᠠᠭᠤᠷ ᠬᠠᠷᠰᠢ ᠶ᠋ᠢᠨ ᠪᠠᠷᠠᠭᠤᠨᠲᠠᠢ ᠮᠡᠯᠲᠡᠢᠮᠦᠢ᠃ᠪᠠᠶᠠᠰᠬᠤᠯᠠᠩ ᠬᠠᠷᠰᠢ ᠪᠠᠶᠠᠷ ᠤ᠋ᠨ ᠬᠤᠷᠢᠮ ᠳ᠋ᠤᠷ ᠵᠢᠷᠭᠠᠨᠠᠮ᠃

ᠪᠤᠭᠤᠲᠤ ᠬᠠᠷᠰᠢ
ᠠᠶᠤᠷᠪᠠᠷᠪᠠᠳᠠ ᠬᠠᠭᠠᠨ ᠤ᠋ ᠶᠠᠨ ᠢᠦ ᠶ᠋ᠢᠨ ᠳᠣᠯᠣᠳᠤᠭᠠᠷ ᠣᠨ(1320 ᠣᠨ) ᠳ᠋ᠤ᠌ ᠬᠠᠭᠠᠨ ᠤ᠋ ᠬᠠᠲᠤᠨ ᠳ᠋ᠤᠷ ᠪᠤᠭᠤ ᠳᠡᠭᠦᠯᠢᠭᠰᠡᠨ ᠶᠡᠬᠡ ᠬᠠᠷᠰᠢ ᠶ᠋ᠢ ᠳᠡᠭᠡᠳᠦ ᠨᠡᠢᠰᠯᠡᠯ ᠦ᠋ᠨ ᠬᠠᠭᠠᠨ ᠤ᠋ ᠬᠣᠲᠠᠨ᠎ᠠ ᠪᠠᠢᠭᠤᠯᠪᠠ᠃ᠲᠤᠰ ᠣᠨ ᠤ᠋ ᠡᠪᠦᠯ ᠦ᠋ᠨ ᠠᠷᠪᠠᠳᠤᠭᠠᠷ ᠰᠠᠷ᠎ᠠ ᠶ᠋ᠢᠨ ᠤᠯᠠᠭᠴᠢᠨ ᠲᠠᠤᠯᠠᠢ ᠡᠳᠦᠷ᠂ ᠬᠠᠭᠠᠨ ᠤ᠋ ᠬᠠᠲᠤᠨ ᠬᠠᠷᠰᠢ ᠳ᠋ᠤ᠌ ᠣᠷᠣᠵᠤ ᠰᠠᠭᠤᠵᠠᠢ᠃ᡁᠢ ᡁᠢ ᠶ᠋ᠢᠨ ᠬᠣᠶᠠᠳᠤᠭᠠᠷ ᠣᠨ ᠳ᠋ᠤ᠌ ᠱᠤᠳᠪᠠᠯᠠ ᠬᠠᠭᠠᠨ ᠵᠠᠷᠯᠢᠭ ᠪᠠᠭᠤᠯᠭᠠᠨ ᠪᠤᠭᠤᠲᠤ ᠬᠠᠷᠰᠢ ᠶ᠋ᠢᠨ ᠬᠠᠨ᠎ᠠ ᠳᠡᠭᠡᠷ᠎ᠡ ᠬᠦᠷᠢ ᠪᠠ ᠪᠤᠭᠤᠳᠠᠢ ᠶ᠋ᠢᠨ ᠵᠢᠷᠤᠭ ᠵᠢᠷᠤᠭᠤᠯᠵᠤ ᠣᠷᠣᠨ ᠭᠠᠷᠤᠨ ᠴᠠᠭ ᠢᠮᠠᠭᠲᠠ ᠰᠣᠨᠢᠷᠬᠠᠨ ᠦᠵᠡᠵᠦ ᠠᠷᠠᠳ ᠢᠷᠭᠡᠳ ᠦ᠋ᠨ ᠢᠳᠡᠵᠦ ᠡᠮᠦᠰᠬᠦ ᠠᠳᠠᠯ ᠦᠢᠯᠡᠰ ᠢ᠋ ᠰᠠᠨᠠᠭᠠᠨ ᠳ᠋ᠤᠷ ᠠᠬᠤᠭᠤᠯᠬᠤ ᠶ᠋ᠢ ᠬᠢᠴᠢᠶᠡᠪᠡᠢ᠃
                
ᠬᠤᠯᠤᠰᠤᠨ ᠣᠷᠳᠣᠨ
ᠱᠠᠩᠳᠤ ᠪᠠᠯᠭᠠᠳ ᠤ᠋ᠨ ᠣᠯᠠᠨ ᠣᠯᠠᠨ ᠠᠰᠠᠷ ᠲᠠᠭᠲᠤ ᠤᠷᠲᠤ ᠬᠠᠷᠰᠢ ᠶ᠋ᠢᠨ ᠳᠤᠮᠳᠠ ᠬᠤᠯᠤᠰᠤᠨ ᠣᠷᠳᠣᠨ ᠥᠪᠡᠷᠮᠢᠴᠡ ᠦᠵᠡᠮᠵᠢ ᠲᠡᠢ᠃ᠲᠡᠷᠡ ᠨᠢ ᠥᠪᠴᠢ ᠬᠤᠯᠤᠰᠤ ᠪᠠᠷ ᠪᠠᠷᠢᠵᠤ ᠪᠠᠢᠭᠤᠯᠤᠭᠰᠠᠨ ᠮᠤᠬᠤᠯᠠᠭ ᠬᠡᠯᠪᠡᠷᠢ ᠶ᠋ᠢᠨ ᠣᠷᠳᠣᠨ ᠶᠤᠮ᠃ᠣᠷᠳᠣᠨ ᠤ᠋ ᠣᠯᠠᠨ ᠲᠤᠯᠭᠠᠭᠤᠷᠢ ᠨᠤᠭᠤᠳ ᠢ᠋ ᠭᠣᠶᠣᠮᠰᠣᠭ ᠰᠠᠢᠬᠠᠨ ᠤᠭᠠᠯᠵᠠ ᠬᠡ ᠪᠡᠷ ᠴᠢᠮᠡᠵᠦ ᠠᠪᠤᠷᠭᠤ ᠯᠤᠤ ᠣᠷᠢᠶᠠᠯᠭᠠᠨ ᠰᠡᠢᠯᠪᠦᠷᠢᠯᠡᠵᠦ ᠪᠣᠳᠣᠵᠤ ᠰᠢᠷᠲᠡᠭᠰᠡᠨ ᠪᠣᠯᠬᠣᠷ ᠥᠩᠭᠡ ᠮᠢᠷᠠᠯᠵᠠᠮ᠎ᠠ ᠦᠵᠡᠮᠵᠢ
ᠰᠦᠷᠯᠢᠭ ᠠᠵᠢ᠃ᠲᠡᠷᠡ ᠬᠦ᠌ ᠠᠪᠤᠷᠭᠤ ᠯᠤᠤ ᠨᠤᠭᠤᠳ ᠲᠣᠯᠣᠭᠠᠢ ᠪᠠᠷ ᠢ᠋ᠶ᠋ᠠᠨ ᠣᠷᠳᠣᠨ ᠤ᠋ ᠳᠡᠭᠡᠪᠦᠷ ᠢ᠋ ᠲᠤᠯᠤᠨ᠂ ᠪᠡᠶ᠎ᠡ ᠪᠡᠷ ᠢ᠋ᠶ᠋ᠡᠨ ᠲᠤᠯᠭᠠᠭᠤᠷᠢ ᠨᠤᠭᠤᠳ ᠢ᠋ ᠣᠷᠢᠶᠠᠵᠤ ᠬᠣᠶᠠᠷ ᠬᠥᠯ ᠢ᠋ᠶ᠋ᠡᠨ ᠵᠡᠭᠦᠨᠰᠢ ᠪᠠᠷᠠᠭᠤᠨᠰᠢ ᠰᠤᠩᠭᠠᠨ᠂ᠬᠦᠷᠬᠢᠷᠡᠨ ᠳᠡᠭᠦᠯᠢᠭᠰᠡᠨ ᠨᠢ ᠡᠭᠦᠯᠡᠨ᠎ᠡ ᠮᠠᠭᠰᠢᠵᠤ ᠣᠰᠤᠨ᠎ᠠ ᠲᠣᠭᠯᠠᠬᠤ ᠮᠡᠲᠦ᠃ᠣᠷᠳᠣᠨ ᠤ᠋ ᠳᠣᠲᠣᠭᠠᠳᠤ ᠬᠡᠷᠡᠮ ᠬᠠᠨ᠎ᠠ ᠶ᠋ᠢ ᠴᠥᠮ ᠠᠯᠲᠠ ᠪᠠᠷ ᠰᠢᠷᠳᠡᠵᠦ ᠠᠭᠤᠯᠠ ᠤᠰᠤ᠂ᠴᠡᠴᠡᠭ ᠮᠣᠳᠣ᠂ ᠠᠷᠢᠶᠠᠲᠠᠨ ᠵᠢᠭᠦᠷᠲᠡᠨ ᠦ᠌ ᠦᠵᠡᠮᠵᠢ ᠵᠢᠷᠤᠭ ᠢ᠋ᠶ᠋ᠠᠷ ᠴᠢᠮᠡᠭᠯᠡᠭᠰᠡᠨ ᠪᠣᠯᠬᠣᠷ ᠭᠤᠸ᠎ᠠ ᠬᠡᠭᠡᠨᠴᠢᠷ᠂ ᠮᠣᠩᠭᠣᠯ ᠨᠤᠲᠤᠭ ᠤ᠋ᠨ ᠦᠵᠡᠰᠬᠦᠯᠡᠩ ᠰᠠᠢᠬᠠᠨ ᠢ᠋ ᠭᠠᠢᠬᠠᠭᠤᠯᠵᠠᠢ᠃ᠣᠷᠳᠣᠨ ᠤ᠋ ᠳᠡᠭᠡᠪᠦᠷ ᠢ᠋ ᠮᠥᠨ ᠬᠤᠯᠤᠰᠤ ᠪᠠᠷ ᠬᠢᠵᠦ ᠲᠣᠮᠣ ᠬᠤᠯᠤᠰᠤ ᠬᠠᠭᠠᠯᠤᠨ ᠸᠠᠭᠠᠷᠯᠠᠭᠠᠳ ᠰᠢᠷᠳᠡᠵᠦ ᠳᠤᠰᠤᠯᠠᠭᠰᠠᠨ ᠨᠢ ᠵᠤᠵᠠᠭᠠᠨ᠂ᠬᠤᠷ᠎ᠠ ᠪᠣᠷᠣᠭᠠᠨ ᠳ᠋ᠤ᠌ ᠭᠣᠭᠣᠵᠢᠬᠤ ᠦᠭᠡᠢ᠂ᠤᠰᠤ ᠴᠢᠭᠢᠭ ᠲᠦ᠍ ᠢᠯᠵᠠᠷᠠᠬᠤ ᠦᠭᠡᠢ ᠪᠥᠬᠡᠯᠢᠭ ᠪᠠᠢᠵᠠᠢ᠃ᠡᠨᠡ ᠬᠤᠯᠤᠰᠤᠨ ᠣᠷᠳᠣᠨ ᠢ᠋ ᠮᠣᠩᠭᠣᠯ ᠭᠡᠷ ᠮᠡᠲᠦ ᠰᠠᠯᠭᠠᠵᠤ ᠬᠤᠷᠢᠶᠠᠵᠤ ᠪᠣᠯᠬᠤ ᠪᠠᠷ ᠵᠣᠬᠢᠶᠠᠭᠰᠠᠨ ᠲᠤᠯᠠ ᠠᠯᠢ ᠳᠤᠷ᠎ᠠ ᠲᠠᠢ ᠭᠠᠵᠠᠷ ᠲᠠᠭᠠᠨ ᠠᠪᠠᠴᠢᠵᠤ ᠪᠠᠷᠢᠵᠤ ᠪᠣᠯᠳᠠᠭ ᠪᠢᠯᠡ᠃ᠶᠤᠸᠠᠨ ᠤᠯᠤᠰ ᠤ᠋ᠨ ᠬᠠᠭᠠᠳ ᠵᠢᠯ ᠪᠦᠷᠢ ᠱᠠᠩᠳᠤ ᠪᠠᠯᠭᠠᠳ ᠲᠤ᠌ ᠢᠷᠡᠵᠦ ᠵᠤᠰᠠᠬᠤ ᠳ᠋ᠠᠭᠠᠨ ᠰᠡᠷᠢᠭᠦᠨ ᠰᠠᠢᠬᠠᠨ ᠬᠤᠯᠤᠰᠤᠨ ᠣᠷᠳᠣᠨ ᠳ᠋ᠤ᠌ ᠦᠷᠭᠦᠯᠵᠢ ᠰᠠᠭᠠᠲᠠᠵᠤ ᠠᠢᠷᠠᠭ ᠴᠡᠬᠡ ᠵᠣᠭᠣᠭᠯᠠᠨ ᠵᠢᠰᠦᠮ ᠦ᠋ᠨ ᠨᠠᠢᠷ ᠬᠢᠵᠦ ᠪᠠᠶᠠᠷᠯᠠᠨ ᠴᠡᠩᠭᠡᠯᠳᠦᠳᠡᠭ ᠰᠠᠨ᠃ᠬᠤᠯᠤᠰᠤᠨ ᠣᠷᠳᠣᠨ ᠢ᠋ ᠵᠤᠨ ᠤ᠋ ᠲᠤᠷᠰᠢ ᠪᠠᠷᠢᠵᠤ ᠨᠠᠮᠤᠷ ᠤ᠋ᠨ ᠰᠡᠷᠢᠭᠦᠨ ᠣᠷᠣᠭᠠᠳ ᠡᠵᠡᠨ ᠬᠠᠭᠠᠳ ᠶᠡᠬᠡ ᠨᠡᠢᠰᠯᠡᠯ ᠲᠠᠭᠲᠤ ᠳ᠋ᠠᠭᠠᠨ ᠪᠤᠴᠠᠭᠰᠠᠨ ᠤ᠋ ᠳᠠᠷᠠᠭ᠎ᠠ ᠰᠠᠶᠢ ᠪᠠᠭᠤᠯᠭᠠᠵᠤ ᠬᠣᠷᠢᠶᠠᠨ ᠲᠠᠯᠪᠢᠳᠠᠭ ᠶᠤᠮ᠃
ᠳᠡᠭᠡᠳᠦ ᠨᠡᠢᠰᠯᠡᠯ ᠦ᠋ᠨ ᠳᠣᠲᠣᠷ᠎ᠠ ᠳᠠ ᠮᠢᠩ ᠳ᠋ᠢᠶᠠᠨ ᠬᠠᠷᠰᠢ ᠶᠡᠬᠡᠮᠰᠦᠭ᠂ ᠵᠡᠭᠦᠨ ᠡᠭᠦᠳᠡᠨ ᠳ᠋ᠦ᠍ᠷ《ᠥᠩᠭᠡᠲᠦ ᠣᠳᠣᠳ ᠴᠤᠭᠯᠠᠷᠠᠬᠤ》᠂ᠪᠠᠷᠠᠭᠤᠨ ᠡᠭᠦᠳᠡᠨ ᠳ᠋ᠦ᠍ᠷ 《ᠥᠯᠵᠡᠢᠲᠦ ᠡᠭᠦᠯᠡᠰ ᠬᠤᠷᠠᠬᠤ》ᠬᠡᠮᠡᠬᠦ ᠬᠥᠨᠳᠡᠯᠡᠨ ᠪᠢᠴᠢᠭᠡᠰᠦ ᠡᠯᠭᠦᠵᠦᠬᠦᠢ᠃ᠣᠳᠣᠨ ᠣᠷᠣᠨ ᠤ᠋ ᠰᠢᠨᠵᠢᠯᠡᠯ ᠦ᠋ᠨ ᠬᠠᠷᠰᠢ ᠶ᠋ᠢᠨ ᠵᠡᠭᠦᠨ ᠬᠠᠭᠠᠯᠭ᠎ᠠ ᠶ᠋ᠢ ᠨᠠᠷᠠ ᠨᠠᠯᠠᠭᠠᠷ᠂ ᠪᠠᠷᠠᠭᠤᠨ ᠬᠠᠭᠠᠯᠭ᠎ᠠ ᠶ᠋ᠢ ᠰᠠᠷᠠ ᠬᠡᠭᠡᠨᠴᠢᠷ ᠬᠠᠭᠠᠯᠭ᠎ᠠ ᠬᠡᠮᠡᠨᠡᠮ᠃ᠪᠤᠤ ᠶᠦᠨ ᠳ᠋ᠢᠶᠠᠨ ᠬᠠᠷᠰᠢ ᠶ᠋ᠢᠨ ᠬᠣᠶᠠᠷ ᠬᠠᠵᠠᠭᠤ ᠳ᠋ᠤ᠌ ᠳᠤᠯᠠᠭᠠᠨ ᠣᠷᠳᠣᠨ ᠢ᠋ ᠪᠠᠢᠭᠤᠯᠪᠠᠢ᠃ᠴᠸᠨ ᠯᠢ ᠳ᠋ᠢᠶᠠᠨ ᠬᠠᠷᠰᠢ ᠶᠢᠨ ᠵᠡᠭᠦᠨ ᠪᠠᠷᠠᠭᠤᠨ ᠳ᠋ᠤᠷ ᠪᠦᠬᠦᠢ ᠬᠦᠵᠢᠰ ᠤᠨ ᠲᠠᠭᠲᠤ  ᠠᠴᠠ ᠤᠳᠤᠯᠭ᠎ᠠ ᠶᠢᠨ ᠦᠨᠤᠷ ᠠᠩᠬᠢᠯᠤᠮᠤᠢ᠂ ᠪᠤᠷᠬᠠᠨ ᠲᠠᠬᠢᠯ ᠤᠨ ᠦᠷᠭᠦᠭᠡ ᠪᠤᠶᠤ᠃ ᠸᠠᠩ ᠳᠧ ᠳ᠋ᠢᠶᠠᠨ ᠬᠠᠷᠰᠢ ᠶ᠋ᠢᠨ ᠠᠷᠤ ᠳ᠋ᠤ᠌ ᠨᠠᠰᠤᠨ ᠬᠤᠲᠤᠭ ᠤ᠋ᠨ ᠲᠢᠩᠬᠢᠮ ᠪᠥᠯᠥᠭᠡ᠂ᠪᠤᠶᠠᠨᠲᠤ ᠬᠠᠷᠰᠢ ᠶ᠋ᠢᠨ ᠬᠠᠵᠠᠭᠤ ᠳ᠋ᠤ᠌ ᠬᠦᠷᠡᠩ ᠼᠠᠨᠳᠠᠨ ᠲᠠᠭᠲᠤ᠂ᠬᠦᠰᠡᠯᠲᠦ ᠬᠠᠪᠤᠷ ᠲᠠᠭᠲᠤ ᠠᠪᠠᠢ᠃ᠲᠡᠭᠦᠨ ᠦ᠌ ᠡᠮᠦᠨ᠎ᠡ ᠪᠦᠬᠦᠢ ᠠᠯᠲᠠᠨ ᠭᠠᠳᠠᠰᠤ ᠲᠢᠩᠬᠢᠮ ᠳ᠋ᠦ᠍ ᠪᠢᠴᠢᠭ ᠴᠡᠷᠢᠭ ᠦ᠋ᠨ  ᠵᠠᠭᠤᠨ ᠲᠦᠰᠢᠮᠡᠳ ᠬᠤᠷᠠᠵᠤ ᠲᠥᠷᠥ ᠶ᠋ᠢᠨ ᠶᠠᠪᠤᠳᠠᠯ ᠢ᠋ ᠵᠥᠪᠯᠡᠬᠦ ᠪᠣᠯᠠᠢ᠃ᠡᠵᠡᠨ ᠦ᠌ ᠢᠳᠡᠭᠡᠨ ᠤᠮᠳᠠᠭᠠᠨ ᠤ᠋ ᠵᠣᠭᠣᠭ ᠤ᠋ᠨ ᠭᠡᠷ ᠢ ᠨᠢᠩ ᠾᠦᠢ ᠯᠦ᠍ ᠠᠰᠠᠷ ᠤ᠋ᠨ ᠳᠡᠷᠭᠡᠳᠡ ᠪᠠᠢᠭᠤᠯᠤᠭᠰᠠᠨ ᠠᠵᠤᠭᠤ᠃ᠨᠣᠭᠣᠭᠠᠨ ᠰᠤᠪᠤᠳ᠂ᠨᠣᠮᠢᠨ ᠠᠷᠠᠯ ᠬᠡᠮᠡᠬᠦ ᠬᠣᠶᠠᠷ ᠲᠢᠩᠰᠠ ᠵᠢᠰᠦ ᠪᠤᠯᠢᠶᠠᠯᠳᠤᠨ ᠡᠰᠡᠷᠭᠦᠯᠡᠵᠦ ᠠᠯᠲᠠᠨ ᠪᠠᠷᠰ ᠤ᠋ᠨ ᠲᠠᠪᠴᠠᠩ ᠢ᠋ ᠬᠠᠪᠴᠢᠵᠤᠬᠤᠢ᠃ᠪᠢᠯᠢᠭ ᠦ᠋ᠨ ᠬᠠᠷᠰᠢ᠂ᠪᠣᠳᠢ ᠥᠯᠵᠡᠢ ᠶ᠋ᠢᠨ ᠬᠠᠷᠰᠢ ᠬᠠᠶᠠᠭ᠎ᠠ ᠬᠠᠶᠠᠭ᠎ᠠ ᠪᠠᠨ ᠳᠡᠷᠡᠯᠡᠨ ᠵᠠᠯᠭᠠᠯᠳᠤᠭᠠᠳ ᠮᠠᠩᠨᠤᠭ ᠲᠡᠪᠡᠯᠳᠡᠨ᠂ᠮᠠᠨᠵᠢᠯᠭ᠎ᠠ ᠵᠠᠰᠠᠯᠳᠠᠨ᠂ ᠤᠭᠠᠯᠵᠠᠲᠤ ᠴᠣᠩᠬᠤᠨ᠎ᠡ ᠪᠥᠷᠲᠥᠯᠵᠡᠨᠡᠮ᠃
ᠤᠳᠬ᠎ᠠ ᠤᠶᠠᠩᠭ᠎ᠠ ᠶ᠋ᠢᠨ ᠬᠠᠷᠰᠢ ᠪᠣᠯᠪᠠᠰᠤ ᠬᠠᠭᠠᠨ ᠡᠵᠡᠨ ᠦ᠌ ᠨᠣᠮ ᠰᠤᠳᠤᠷ ᠦᠵᠡᠬᠦ ᠥᠷᠥᠭᠡ ᠪᠤᠶᠤ᠃ᠡᠷᠲᠡᠨ ᠡᠳᠦᠭᠡ ᠶ᠋ᠢᠨ ᠠᠳᠠᠪᠠᠰᠢ ᠣᠯᠠᠨ ᠪᠢᠴᠢᠭ ᠰᠤᠳᠤᠷ ᠠᠭᠤᠯᠠ ᠮᠡᠲᠦ ᠣᠪᠣᠭᠠᠯᠠᠭᠳᠠᠨ ᠠᠷᠭ᠎ᠠ ᠪᠣᠳᠣᠯᠭ᠎ᠠ ᠡᠷᠭᠦᠨ ᠰᠢᠭᠦᠮᠵᠢᠯᠡᠬᠦ ᠪᠢᠴᠢᠭ ᠴᠡᠷᠢᠭ ᠦ᠋ᠨ ᠮᠡᠷᠭᠡᠳ ᠡᠭᠦᠯᠡ ᠮᠡᠲᠦ ᠬᠤᠷᠠᠨᠠᠮ᠃
ᠡᠳᠦᠷ ᠡᠴᠡ ᠡᠳᠦᠷ ᠥᠭᠡᠳᠡᠯᠡᠨ ᠴᠡᠴᠡᠭᠯᠡᠬᠦ ᠳᠡᠭᠡᠳᠦ ᠨᠡᠢᠰᠯᠡᠯ ᠦ᠋ᠨ ᠦᠵᠡᠮᠵᠢ᠂ᠣᠨ ᠠ᠋ᠴᠠ ᠣᠨ ᠨᠡᠮᠡᠭᠳᠡᠨ ᠪᠣᠰᠬᠤ ᠬᠠᠭᠠᠨ ᠪᠠᠯᠭᠠᠳ ᠤ᠋ᠨ ᠪᠠᠷᠢᠯᠭ᠎ᠠ᠂ᠵᠦᠩ ᠲᠦᠩ ᠦ᠋ᠨ ᠬᠣᠶᠠᠳᠤᠭᠠᠷ ᠣᠨ ᠳ᠋ᠤ᠌ ᠴᠠᠩ ᠴᠦᠨ ᠬᠦᠩ ᠣᠷᠳᠣᠨ᠂ᠬᠠᠰ ᠠᠮᠤᠷᠯᠢᠩᠭᠤᠢ ᠬᠠᠷᠰᠢ᠂ᡁᠢ ᠵᠧᠩ ᠦ᠋ᠨ ᠳᠣᠯᠣᠳᠤᠭᠠᠷ ᠣᠨ ᠳ᠋ᠤ᠌ ᠭᠠᠷᠤᠳᠢ ᠬᠠᠷᠰᠢ᠂ᠬᠣᠷᠸ᠎ᠠ ᠶ᠋ᠢ ᠲᠣᠭᠲᠠᠭᠠᠭᠴᠢ ᠬᠠᠷᠰᠢ᠂ᠨᠠᠷᠢᠨ ᠠᠭᠠᠷᠤ ᠲᠢᠩᠰᠠ᠂ᡁᠢ ᡁᠢ ᠶ᠋ᠢᠨ ᠬᠣᠶᠠᠳᠤᠭᠠᠷ ᠣᠨ ᠳ᠋ᠤ᠌ ᠠᠭᠤᠯᠠᠨ᠎ᠠ ᠵᠤᠭᠠᠯᠠᠬᠤ ᠬᠠᠷᠰᠢ᠂ᡁᠢ ᠶᠤᠸᠠᠨ ᠤ᠋ ᠨᠠᠢ᠍ᠮᠠᠳᠤᠭᠠᠷ ᠣᠨ ᠳ᠋ᠤ᠌ ᠲᠦᠮᠡᠨ ᠠᠮᠤᠭᠤᠯᠠᠩ ᠠᠰᠠᠷ᠂ᠳᠠᠢ ᠾᠧ ᠶ᠋ᠢᠨ ᠭᠤᠷᠪᠠᠳᠤᠭᠠᠷ ᠣᠨ ᠳ᠋ᠤ᠌ ᠴᠢᠩ ᠨᠢᠩ ᠳ᠋ᠢᠶᠠᠨ ᠬᠠᠷᠰᠢ᠂ᠬᠤᠲᠤᠭ ᠢᠪᠡᠭᠡᠬᠦ ᠬᠠᠷᠰᠢ᠂ ᠦᠯᠡᠮᠵᠢ ᠡᠷᠳᠡᠮᠲᠦ  ᠬᠠᠷᠰᠢ ᠵᠠᠯᠭᠠᠭ᠎ᠠ ᠵᠠᠯᠭᠠᠭ᠎ᠠ ᠪᠠᠷ ᠪᠣᠰᠬᠠᠭᠳᠠᠵᠤ ᠴᠡᠴᠡᠭᠲᠦ ᠵᠦᠯᠭᠡ᠂ᠴᠡᠩᠬᠡᠷ ᠭᠣᠷᠣᠬ᠎ᠠ ᠶ᠋ᠢ ᠭᠦᠪᠡᠭᠡᠯᠡᠨ ᠰᠡᠷᠢᠭᠦᠨ ᠬᠠᠷᠰᠢ᠂ᠴᠡᠯᠡᠭᠡᠷ ᠣᠢ᠂ᠰᠡᠯᠡᠭᠦᠨ ᠭᠠᠵᠠᠷ ᠢ᠋ ᠰᠣᠩᠭᠣᠨ ᠪᠢᠴᠢᠭ ᠦ᠋ᠨ ᠥᠷᠭᠥᠭᠡ᠂ᠨᠣᠢᠷᠰᠤᠯ ᠤ᠋ᠨ ᠣᠷᠳᠣᠨ ᠢ᠋ ᠪᠠᠢᠭᠤᠯᠤᠭᠰᠠᠨ ᠨᠢ ᠥᠪᠡᠷᠮᠢᠴᠡ ᠰᠣᠨᠢᠨ᠂ᠠᠭᠤᠵᠢᠮ ᠰᠡᠯᠡᠭᠦᠦ᠂ᠴᠣᠬᠣᠮ ᠬᠦ᠌ ᠮᠣᠩᠭᠣᠯ ᠨᠤᠲᠤᠭ ᠤ᠋ᠨ ᠪᠠᠢᠭᠠᠯᠢ ᠶ᠋ᠢᠨ ᠭᠣᠶᠣᠬᠠᠨ ᠢ᠋ ᠤᠶᠠᠯᠳᠤᠭᠤᠯᠤᠨ ᠴᠣᠭᠴᠠᠯᠠᠭᠰᠠᠨ ᠴᠡᠴᠡᠷᠯᠢᠭ ᠠᠵᠢ᠃
 ᠶᠤᠸᠠᠨ ᠤᠯᠤᠰ ᠤ᠋ᠨ ᠦᠶ᠎ᠡ ᠶ᠋ᠢᠨ ᠲᠡᠮᠳᠡᠭᠯᠡᠯ ᠢ᠋ ᠦᠨᠳᠦᠰᠦᠯᠡᠪᠡᠯ ᠳᠡᠭᠡᠳᠦ ᠨᠡᠢᠰᠯᠡᠯ ᠱᠠᠩᠳᠤ ᠪᠠᠯᠭᠠᠳ ᠤ᠋ᠨ ᠬᠣᠲᠠ ᠶ᠋ᠢᠨ ᠭᠠᠳᠠᠨ᠎ᠠ ᠪᠠᠰᠠ ᠬᠠᠭᠠᠨ ᠡᠵᠡᠨ ᠦ᠌ ᠰᠢᠨ᠎ᠡ ᠣᠷᠳᠣᠨ᠂ᠪᠣᠷᠣ ᠣᠷᠳᠣᠨ᠂ᠰᠢᠷ᠎ᠠ ᠣᠷᠳᠣᠨ ᠢ᠋ ᠲᠤᠰᠬᠠᠢᠯᠠᠨ ᠪᠠᠢᠭᠤᠯᠤᠭᠰᠠᠨ ᠪᠠᠢᠵᠠᠢ᠃ᠲᠤᠬᠠᠢ ᠶ᠋ᠢᠨ ᠦᠶᠡᠰ ᠮᠣᠩᠭᠣᠯ ᠤᠷᠠᠨ ᠳᠠᠷᠬᠠᠴᠤᠳ᠂ᠦᠨᠳᠦᠰᠦᠲᠡᠨ ᠦ᠌ ᠪᠡᠨ ᠣᠷᠣᠨ ᠰᠠᠭᠤᠴᠠ ᠪᠠᠷᠢᠬᠤ ᠤᠯᠠᠮᠵᠢᠯᠠᠯᠲᠤ ᠤᠷ᠎ᠠ ᠮᠡᠷᠭᠡᠵᠢᠯ ᠢ᠋ᠶ᠋ᠡᠨ ᠤᠯᠠᠮ ᠨᠢᠭᠡᠨ ᠠᠯᠬᠤᠮ ᠬᠥᠭᠵᠢᠭᠦᠯᠵᠦ ᠬᠡᠳᠦᠨ ᠮᠢᠩᠭᠠᠨ ᠬᠥᠮᠦᠨ ᠪᠠᠭᠲᠠᠬᠤ ᠤᠷᠲᠤ ᠬᠠᠷᠰᠢ ᠮᠠᠶᠢᠭ ᠤ᠋ᠨ ᠳᠠᠯᠠᠢ ᠴᠠᠭᠠᠨ ᠮᠣᠩᠭᠣᠯ ᠭᠡᠷ ᠦᠢᠯᠡᠳᠴᠦ᠂ ᠪᠠᠷᠢᠵᠤ ᠪᠤᠰᠬᠠᠭᠠᠳ᠂ᠨᠡᠢᠰᠯᠡᠯ ᠦ᠋ᠨ ᠢ᠋ᠶ᠋ᠡᠨ ᠪᠠᠷᠢᠯᠭ᠎ᠠ ᠳ᠋ᠤ᠌ ᠥᠪᠡᠷᠮᠢᠴᠡ ᠥᠩᠭᠡ ᠦᠵᠡᠮᠵᠢ ᠨᠡᠮᠡᠷᠢᠯᠡᠭᠰᠡᠨ ᠠᠵᠢ᠃ ᠥᠷᠭᠡᠨ ᠲᠡᠨᠵᠢᠨ᠎ᠡ ᠵᠢᠭᠳᠡᠷᠡᠭᠰᠡᠨ᠂ᠮᠥᠩᠭᠥᠨ ᠴᠠᠭᠠᠨ ᠣᠷᠳᠣᠨ ᠭᠡᠷ᠂ᠥᠩᠭᠡ ᠠᠯᠠᠭᠯᠠᠨ ᠮᠢᠷᠠᠯᠵᠠᠭᠰᠠᠨ ᠮᠣᠩᠭᠣᠯ ᠤᠭᠰᠠᠭᠠᠲᠠᠨ ᠤ᠋ ᠰᠦᠯᠳᠡ ᠬᠡᠢᠮᠣᠷᠢ!
             
ᠪᠣᠷᠣ ᠣᠷᠳᠣᠨ
ᠬᠠᠭᠠᠨ ᠡᠵᠡᠨ ᠦ᠌ ᠴᠡᠴᠡᠭ ᠦ᠋ᠨ ᠬᠦᠷᠢᠶᠡᠯᠡᠩ ᠳ᠋ᠦ᠍ ᠪᠠᠷᠢᠭᠰᠠᠨ ᠪᠣᠷᠣ ᠣᠷᠳᠣᠨ ᠪᠣᠯ ᠳᠡᠭᠡᠳᠦ ᠨᠡᠢᠰᠯᠡᠯ ᠱᠠᠩᠳᠤ ᠬᠣᠲᠠ ᠶ᠋ᠢᠨ ᠴᠤᠤᠲᠠᠢ ᠤᠷᠲᠤ ᠬᠠᠷᠰᠢ ᠶ᠋ᠢᠨ ᠨᠢᠭᠡ ᠶᠦ᠍ᠮ᠃ᠵᠢᠷᠤᠭ ᠠᠳᠠᠯᠢ ᠦᠵᠡᠰᠬᠦᠯᠡᠩ ᠬᠡᠭᠡᠨᠴᠢᠷ ᠬᠦᠷᠡᠩ ᠨᠣᠣᠯᠣᠭᠤᠷ ᠤ᠋ᠨ ᠤᠭᠠᠯᠵᠠ ᠬᠡ᠂ᠵᠠᠭᠤᠨ ᠲᠣᠬᠣᠢ ᠪᠣᠷᠣ ᠣᠷᠳᠣᠨ ᠬᠣᠶᠠᠷ ᠬᠦᠷᠢᠶᠡᠯᠡᠩ ᠳ᠋ᠦ᠍ᠷ ᠰᠡᠬᠦᠢᠨᠡᠮ᠃《ᠶᠢᠷᠲᠢᠨᠴᠦ ᠶ᠋ᠢ ᠵᠠᠰᠠᠬᠤ ᠶᠡᠬᠡ ᠵᠠᠰᠠᠭ》ᠲᠤ᠌ ᠲᠠᠢᠳᠢᠩ ᠤ᠋ᠨ ᠬᠣᠶᠠᠳᠤᠭᠠᠷ ᠣᠨ ᠤ᠋ ᠬᠣᠶᠠᠳᠤᠭᠠᠷ ᠰᠠᠷ᠎ᠠ ᠶ᠋ᠢᠨ ᠠᠷᠪᠠᠨ ᠵᠢᠷᠭᠤᠭᠠᠨ ᠤ᠋ ᠡᠳᠦᠷ 《ᠬᠠᠭᠠᠨ ᠢ᠋ᠶ᠋ᠠᠷ ᠱᠠᠩᠳᠤ ᠬᠣᠲᠠ ᠶ᠋ᠢᠨ ᠪᠣᠷᠣ ᠣᠷᠳᠣᠨ ᠳ᠋ᠤᠷ ᠳᠡᠪᠢᠰᠬᠦ ᠬᠡᠪᠢᠰ ᠢ ᠮᠣᠵᠢ ᠶ᠋ᠢᠨ ᠬᠠᠷᠢᠶ᠎ᠠ ᠡᠯ᠎ᠡ ᠴᠥᠯᠭᠡ ᠶ᠋ᠢᠨ ᠢᠷᠭᠡᠳ ᠦ᠋ᠨ ᠳᠣᠲᠣᠷᠠᠬᠢ ᠤᠷᠠᠴᠤᠳ ᠢ᠋ᠶ᠋ᠠᠷ ᠨᠡᠬᠡᠭᠦᠯᠤᠭᠡᠳ ᠶᠢᠰᠦᠳᠦᠭᠡᠷ ᠰᠠᠷ᠎ᠠ ᠶ᠋ᠢᠨ ᠠᠷᠪᠠᠨ ᠭᠤᠷᠪᠠᠨ ᠤ᠋ ᠡᠳᠦᠷ ᠦᠯᠡᠳᠡᠨ ᠰᠠᠬᠢᠬᠤ ᠶᠠᠮᠤᠨ ᠳ᠋ᠤᠷ ᠠᠪᠠᠴᠢᠵᠤ ᠲᠤᠰᠢᠶᠠᠲᠤᠭᠠᠢ》 ᠭᠡᠮᠡᠨ ᠵᠠᠷᠯᠢᠭ ᠪᠣᠯᠪᠠ ᠭᠡᠵᠡᠢ᠃ᠲᠡᠢᠨ ᠬᠦ᠌ ᠬᠣᠶᠠᠷ ᠬᠡᠰᠡᠭ ᠲᠣᠮᠣ ᠬᠡᠪᠢᠰ ᠨᠡᠬᠡᠭᠦᠯᠪᠡ᠃ᠨᠡᠬᠡᠭᠰᠡᠨ ᠲᠡᠷᠡ  ᠬᠦ᠌ ᠬᠣᠶᠠᠷ ᠬᠡᠪᠢᠰ ᠦ᠋ᠨ ᠬᠡᠮᠵᠢᠶ᠎ᠡ ᠢᠨᠤ2343ᠲᠣᠬᠣᠢ ᠠᠵᠤᠭᠤ᠃ᠪᠣᠷᠣ ᠣᠷᠳᠣᠨ ᠤ᠋ ᠪᠠᠭᠲᠠᠭᠠᠮᠵᠢ ᠶ᠋ᠢᠨ ᠠᠭᠤᠵᠢᠮ ᠶᠡᠬᠡ ᠶ᠋ᠢ ᠡᠨᠡ ᠬᠦ᠌ ᠲᠣᠮᠣ ᠬᠡᠪᠢᠰ ᠦ᠋ᠨ ᠬᠡᠮᠵᠢᠶᠡᠨ ᠦ᠌ ᠶᠡᠬᠡ ᠡᠴᠡ ᠮᠡᠳᠡᠵᠦ ᠪᠣᠯᠬᠤ ᠪᠢᠯᠡ᠃ᠬᠠᠭᠠᠨ ᠡᠵᠡᠨ᠂ᠰᠠᠢᠳ ᠲᠦᠰᠢᠮᠡᠳ ᠲᠡᠢ ᠪᠡᠨ ᠠᠭᠤᠯᠵᠠᠬᠤ ᠬᠣᠯᠠ ᠣᠢᠷ᠎ᠠ ᠶ᠋ᠢᠨ ᠰᠠᠳᠤᠨ ᠲᠥᠷᠥᠯ ᠭᠠᠳᠠᠨ᠎ᠠ ᠳᠣᠲᠣᠨ᠎ᠠ ᠶ᠋ᠢᠨ ᠡᠷᠳᠡᠮᠲᠡᠨ ᠮᠡᠷᠭᠡᠳ ᠢ᠋ ᠳᠠᠢᠯᠠᠵᠤ ᠵᠣᠴᠢᠯᠠᠬᠤ ᠳ᠋ᠤ᠌ ᠦᠷᠭᠦᠯᠵᠢ ᠪᠣᠷᠣ ᠣᠷᠳᠣᠨ ᠳ᠋ᠤ᠌ ᠬᠤᠷᠢᠮ ᠨᠠᠢᠷ ᠤ᠋ᠨ ᠰᠢᠷᠡᠭᠡ ᠵᠠᠰᠠᠵᠤ ᠬᠣᠭᠣᠯᠠ ᠴᠠᠢ ᠶ᠋ᠢᠨ ᠵᠣᠭᠣᠭ ᠪᠠᠵᠠᠭᠠᠳᠠᠭ ᠪᠠᠢᠵᠠᠢ᠃
                     
ᠰᠢᠷ᠎ᠠ ᠣᠷᠳᠣᠨ
ᠰᠢᠷ᠎ᠠ ᠣᠷᠳᠣᠨ ᠪᠣᠯ ᠬᠠᠭᠠᠨ ᠡᠵᠡᠨ ᠦ᠌ ᠴᠡᠴᠡᠭ ᠦ᠋ᠨ ᠬᠦᠷᠢᠶᠡᠯᠡᠩ ᠳ᠋ᠡᠬᠢ ᠰᠠᠭᠠᠲᠠᠬᠤ ᠣᠷᠳᠣᠨ ᠶᠤᠮ᠃ ᠬᠠᠷᠢᠴᠤᠳ ᠢᠰᠡᠭᠡᠢ ᠣᠷᠳᠣᠨ ᠭᠡᠵᠦ ᠮᠣᠩᠭᠣᠯᠴᠤᠳ ᠰᠢᠷ᠎ᠠ ᠣᠷᠳᠣᠨ ᠭᠡᠳᠡᠭ᠃ᠰᠢᠷ᠎ᠠ ᠣᠷᠳᠣᠨ ᠪᠣᠯ ᠱᠠᠩᠳᠤ ᠨᠡᠢᠰᠯᠡᠯ ᠦ᠋ᠨ ᠣᠯᠠᠨ ᠤᠷᠲᠤ ᠬᠠᠷᠰᠢ᠂ᠠᠰᠠᠷ ᠲᠠᠭᠲᠤ ᠶ᠋ᠢᠨ ᠳᠣᠲᠣᠷ᠎ᠠ ᠦᠨᠳᠦᠰᠦᠲᠡᠨ ᠦ᠌ ᠬᠡᠪ ᠨᠠᠮᠪᠠ ᠪᠠᠷ ᠢ᠋ᠶ᠋ᠠᠨ ᠣᠬᠢ ᠰᠢᠯᠢᠳᠡᠭ ᠪᠠᠷᠢᠯᠭ᠎ᠠ ᠶ᠋ᠢᠨ ᠨᠢᠭᠡ ᠳ᠋ᠦ᠍ ᠲᠣᠭᠠᠴᠠᠭᠳᠠᠨ᠎ᠠ᠃ᠡᠷᠢᠶᠡᠨ ᠬᠥᠯᠲᠥᠷᠭᠡ ᠪᠡᠷ ᠨᠣᠭᠲᠣᠯᠠᠭᠰᠠᠨ᠂ ᠡᠭᠦᠯᠡᠨ ᠬᠤᠸᠠᠷ ᠢ᠋ᠶ᠋ᠠᠷ ᠴᠢᠮᠡᠭᠯᠡᠭᠰᠡᠨ᠂ᠰᠠᠴᠤᠭᠲᠤ ᠲᠣᠷᠭ᠎ᠠ ᠪᠠᠷ ᠬᠥᠰᠢᠭᠡᠯᠡᠭᠰᠡᠨ ᠰᠦᠷᠯᠢᠭ ᠥᠨᠳᠥᠷ ᠰᠢᠷ᠎ᠠ ᠣᠷᠳᠣᠨ ᠨᠢ ᠬᠡᠳᠦᠨ ᠮᠢᠩᠭᠠᠨ ᠬᠥᠮᠦᠨ ᠢ᠋ ᠪᠠᠭᠲᠠᠭᠠᠳᠠᠭ ᠪᠠᠢᠵᠠᠢ᠃ᠬᠥᠰᠬᠡ ᠲᠡᠷᠭᠡ ᠪᠠᠭᠤᠳᠠᠯ ᠤ᠋ᠨ ᠭᠠᠵᠠᠷ ᠭᠦᠷᠦᠭᠰᠡᠨ᠎ᠡ᠂ᠡᠵᠡᠨ ᠬᠠᠭᠠᠨ ᠠᠨᠤ ᠭᠡᠭᠦᠦ ᠶ᠋ᠢᠨ ᠰᠦᠨ ᠢ᠋ᠶ᠋ᠡᠷ ᠰᠠᠴᠤᠯᠢ ᠡᠷᠭᠢᠭᠦᠯᠦᠭᠡᠳ ᠢᠰᠡᠭᠡᠢ ᠪᠦᠷᠢᠶᠡᠰᠦ ᠲᠡᠢ ᠰᠢᠷ᠎ᠠ ᠣᠷᠳᠣᠨ ᠢ᠋ ᠪᠠᠢᠭᠤᠯᠤᠨ ᠰᠢᠳᠠᠷ ᠲᠦᠰᠢᠮᠡᠯ ᠰᠠᠢᠳ ᠳᠠᠭᠠᠭᠰᠠᠳ ᠨᠠᠷ ᠲᠠᠭᠠᠨ ᠬᠤᠷᠢᠮ ᠰᠣᠶᠣᠷᠬᠠᠵᠤ ᠵᠠᠮ ᠤ᠋ᠨ ᠴᠢᠯᠡᠭᠡ ᠲᠠᠢᠯᠵᠤᠬᠤᠢ᠃
ᠤᠯᠠᠭᠠᠨ ᠣᠨᠢ ᠨᠣᠭᠣᠭᠠᠨ ᠬᠠᠨ᠎ᠠ᠂ᠯᠤᠤ ᠭᠠᠷᠤᠳᠢ ᠶ᠋ᠢᠨ ᠲᠤᠯᠭᠠᠭᠤᠷᠢ᠂ᠤᠭᠠᠯᠵᠠᠲᠤ ᠳᠡᠭᠡᠪᠦᠷ ᠰᠠᠴᠤᠭᠲᠤ ᠣᠭᠣᠰᠣᠷ ᠰᠣᠯᠣᠩᠭ᠎ᠠ ᠲᠡᠳᠡᠨ ᠲᠤᠶᠠᠭᠠᠷᠠᠮᠤᠢ᠃ᠤᠷᠲᠤ ᠶ᠋ᠢᠨ ᠳᠠᠭᠤᠤ ᠤᠶᠠᠩᠭᠠᠲᠤ ᠬᠥᠭᠵᠢᠮ᠂ᠤᠷᠠᠨ ᠳᠠᠭᠢᠨᠢᠰ ᠤ᠋ᠨ ᠪᠥᠵᠢᠭ᠂ᠤᠯᠤᠰ ᠪᠠᠶᠠᠨ ᠢᠷᠭᠡᠳ ᠠᠮᠤᠭᠤᠯᠠᠩ᠂ᠰᠢᠷ᠎ᠠ ᠣᠷᠳᠦᠨ᠎ᠠ ᠨᠠᠢᠷᠯᠠᠮᠤᠢ᠃
ᠱᠠᠩᠳᠤ ᠬᠣᠲᠠ ᠶ᠋ᠢᠨ ᠬᠥᠭᠵᠢᠯ ᠢ᠋ ᠳᠠᠭᠠᠯᠳᠤᠨ ᠬᠥᠮᠦᠨ ᠠᠮᠠ ᠨᠢ ᠦᠳᠲᠡᠷ ᠲᠦᠷᠭᠡᠨ ᠨᠡᠮᠡᠭᠳᠡᠪᠡ᠃ ᡁᠢ ᠶᠤᠸᠠᠨ ᠤ᠋ ᠠᠷᠪᠠᠨ ᠨᠠᠢ᠍ᠮᠠᠳᠤᠭᠠᠷ ᠣᠨ(1281ᠣᠨ) ᠤ᠋ ᠪᠦᠷᠢᠳᠬᠡᠯ ᠢ᠋ᠶ᠋ᠡᠷ ᠬᠣᠲᠠ ᠶ᠋ᠢᠨ ᠡᠷᠦᠬᠡ ᠠᠮᠠ 41.612 ᠡᠷᠦᠬᠡ118.191ᠬᠥᠮᠦᠨ ᠲᠡᠢ᠃ᠴᠠᠭᠳᠠᠨ ᠰᠡᠷᠭᠡᠢᠯᠡᠬᠦ ᠬᠦᠷᠢᠶᠡᠯᠡᠩ ᠨᠢᠭᠡ᠂ᠰᠢᠶᠠᠨ ᠨᠢᠭᠡ᠂ᠹᠦ ᠨᠢᠭᠡ᠂ᠵᠧᠦ ᠳᠥᠷᠪᠡ ᠪᠠᠢᠵᠤ ᠶᠡᠷᠦᠩᠬᠡᠢ ᠵᠠᠬᠢᠷᠤᠭᠴᠢ ᠶ᠋ᠢᠨ ᠶᠠᠮᠤᠨ ᠳ᠋ᠤ᠌ ᠬᠠᠷᠢᠶᠠᠯᠠᠭᠳᠠᠨ ᠵᠠᠬᠢᠷᠤᠭᠳᠠᠵᠤ ᠪᠠᠢᠪᠠ᠃ᠲᠡᠦᠬᠡᠨ ᠮᠠᠲ᠋ᠧᠷᠢᠶᠠᠯ ᠢ᠋ ᠦᠨᠳᠦᠰᠦᠯᠡᠪᠡᠯ ᠬᠥᠮᠦᠨ ᠠᠮᠠ ᠨᠢ ᠬᠠᠮᠤᠭ ᠣᠯᠠᠨ ᠳ᠋ᠠᠭᠠᠨ170.000 ᠬᠦᠷᠦᠭ᠌ᠰᠠᠨ ᠪᠠᠢᠵᠠᠢ᠃

ᠱᠠᠩᠳᠤ ᠨᠡᠢᠰᠯᠡᠯ ᠦ᠋ᠨ ᠲᠥᠷᠥᠭᠳᠡᠯ
ᠲᠩᠷᠢ ᠲᠠᠬᠢᠯᠭ᠎ᠠ ᠶ᠋ᠢᠨ ᠠᠷᠢᠭᠤᠨ ᠴᠡᠭᠡ ᠪᠡᠨ 
ᠬᠡᠭᠡᠷ᠎ᠡ ᠲᠠᠯ᠎ᠠ ᠳ᠋ᠤ᠌ ᠰᠠᠴᠤᠬᠤᠶ᠎ᠠ 
ᠲᠡᠷᠲᠡᠭᠡ ᠡᠯᠡᠰᠦᠨ ᠡᠴᠡ ᠦᠯᠢᠶᠡᠬᠦ ᠰᠠᠯᠬᠢᠨ᠎ᠠ 
ᠪᠡᠯᠴᠢᠭᠡᠷ ᠡᠪᠡᠰᠦ ᠠᠩᠬᠢᠯᠤᠮᠤᠢ ᠃ 
ᠡᠭᠦᠯᠡ ᠮᠡᠲᠦ ᠴᠠᠭᠠᠨ ᠮᠣᠷᠢᠳ
ᠪᠠᠷᠠᠭᠤᠨ ᠬᠣᠢᠰᠢ ᠲᠡᠮᠡᠦᠯᠦᠭᠡᠳ 
ᠡᠷᠳᠡᠨᠢ ᠶ᠋ᠢᠨ ᠬᠦᠯᠦᠭ ᠮᠥᠩᠭᠥᠨ ᠬᠤᠪᠢᠩ ᠢ᠋ᠶ᠋ᠠᠷ 
ᠪᠠᠭᠠᠲᠤᠷ ᠨᠣᠶᠠᠳ ᠢ᠋ ᠱᠠᠩᠨᠠᠮᠤᠢ᠃ 
ᠦᠬᠡᠷ ᠬᠣᠨᠢ ᠰᠢᠩᠭᠡᠬᠦ ᠨᠡᠷᠡᠨ᠎ᠡ 
ᠲᠠᠪᠠᠲᠠᠢ ᠰᠠᠢᠬᠠᠨ ᠪᠡᠯᠴᠢᠵᠦ 
ᠥᠷᠭᠡᠨ ᠲᠠᠯ᠎ᠠ ᠳ᠋ᠤᠷ ᠡᠪᠡᠰᠦ ᠠᠩᠬᠢᠯᠤᠭᠠᠳ 
ᠥᠷᠥᠮ᠎ᠡ ᠵᠥᠭᠡᠬᠡᠢ ᠠᠮᠲᠠᠯᠠᠭᠳᠠᠮᠤᠢ ᠃
ᠤᠮᠠᠷ᠎ᠠ ᠰᠠᠯᠬᠢᠨ ᠲᠠᠯ᠎ᠠ ᠶ᠋ᠢ ᠬᠥᠮᠥᠷᠢᠨ 
ᠴᠠᠭᠠᠨ ᠡᠯᠡᠰᠦ ᠪᠣᠰᠬᠤᠶ᠎ᠠ 
ᠠᠶᠠᠨ ᠤ᠋ ᠮᠠᠢᠬᠠᠨ ᠶᠠᠭᠠᠷᠠᠨ ᠰᠠᠨᠳᠤᠷᠴᠤ 
ᠢᠰᠡᠭᠡᠢ ᠣᠷᠬᠢᠭᠤᠯ ᠢ᠋ᠶ᠋ᠠᠨ ᠪᠠᠭᠤᠯᠭᠠᠮᠤᠢ᠃ 
ᠬᠡᠭᠡᠷ᠎ᠡ ᠬᠥᠳᠡᠭᠡ ᠶ᠋ᠢᠨ ᠰᠠᠯᠬᠢ ᠰᠢᠷᠦᠭᠦᠰᠬᠦᠶ᠎ᠡ 
ᠨᠤᠮᠤ ᠶ᠋ᠢᠨ ᠬᠦᠴᠦᠨ ᠲᠠᠴᠢᠭᠢᠨᠠᠵᠤ 
ᠬᠡᠷᠭᠡᠮᠲᠡᠨ ᠦ᠌ ᠬᠥᠪᠡᠭᠦᠳ ᠠᠭᠲᠠ ᠳᠠᠪᠬᠢᠭᠤᠯᠤᠨ 
ᠠᠭᠤᠳᠠᠮ ᠲᠠᠯ᠎ᠠ ᠳ᠋ᠤ᠌ ᠠᠩᠨᠠᠮᠤᠢ᠃ 
ᠬᠠᠷᠴᠠᠭᠠᠢ ᠳᠠᠭᠤᠳᠠᠨ ᠰᠠᠭᠠᠳᠠᠭ ᠡᠭᠡᠯᠳᠦᠷᠭᠡᠯᠡᠵᠦ 
ᠦᠳᠡᠰᠢ ᠪᠤᠴᠠᠵᠤ ᠢᠷᠡᠬᠦᠶ᠎ᠡ 
ᠬᠣᠣᠰ ᠴᠠᠭᠠᠨ ᠳᠡᠯᠳᠡᠩ ᠴᠢᠨᠣ᠎ᠠ ᠶ᠋ᠢ 
ᠳᠣᠷᠣᠭᠰᠢ ᠬᠠᠷᠠᠭᠤᠯᠤᠨ ᠭᠠᠨᠵᠤᠭᠠᠯᠠᠮᠤᠢ᠃ 
          —  ᠰᠠᠳᠤᠯᠠ( ᠶᠤᠸᠠᠨ ᠤᠯᠤᠰ) 

ᠶᠤᠸᠠᠨ ᠤᠯᠤᠰ ᠤ᠋ᠨ ᠪᠠᠷᠢᠯᠭ᠎ᠠ ᠶ᠋ᠢᠨ ᠮᠡᠷᠭᠡᠵᠢᠯ 
ᠤᠯᠤᠰ ᠤ᠋ᠨ ᠭᠠᠳᠠᠭᠠᠳᠤ ᠳᠣᠲᠣᠭᠠᠳᠤ ᠶ᠋ᠢᠨ ᠰᠤᠷᠪᠤᠯᠵᠢ ᠲᠡᠦᠬᠡᠨ ᠲᠡᠮᠳᠡᠭᠯᠡᠯ ᠢ᠋ ᠦᠨᠳᠦᠰᠦᠯᠡᠪᠡᠯ ᠱᠠᠩᠳᠤ ᠨᠡᠢᠰᠯᠡᠯ ᠦ᠋ᠨ ᠪᠠᠷᠢᠯᠭ᠎ᠠ ᠨᠢ ᠭᠣᠣᠯᠳᠠᠭᠤ ᠬᠣᠶᠠᠷ ᠶᠡᠬᠡ ᠲᠥᠷᠥᠯ ᠵᠦᠢᠯ ᠳ᠋ᠦ᠍ ᠠᠩᠭᠢᠯᠠᠭᠳᠠᠨ᠎ᠠ᠃ ᠨᠢᠭᠡ ᠲᠥᠷᠥᠯ ᠵᠦᠢᠯ ᠨᠢ ᠮᠣᠩᠭᠣᠯ ᠭᠡᠷ ᠮᠠᠢᠬᠠᠨ ᠬᠡᠯᠪᠡᠷᠢ ᠶ᠋ᠢᠨ ᠮᠣᠩᠭᠣᠯ ᠤᠭᠰᠠᠭᠠᠲᠠᠨ ᠤ᠋ ᠤᠯᠠᠮᠵᠢᠯᠠᠯᠲᠤ ᠪᠠᠷᠢᠯᠭ᠎ᠠ ᠶ᠋ᠢᠨ ᠬᠡᠯᠪᠡᠷᠢ ᠪᠡᠷ ᠭᠣᠣᠯ ᠴᠣᠭᠴᠠ ᠪᠣᠯᠭᠠᠭᠰᠠᠨ ᠪᠠᠷᠢᠯᠭ᠎ᠠ᠂ ᠨᠥᠭᠦᠭᠡ ᠨᠢᠭᠡ ᠲᠥᠷᠥᠯ ᠵᠦᠢᠯ ᠨᠢ ᠧᠦ᠋ᠷᠣᠫᠠ᠂ ᠳᠤᠮᠳᠠᠳᠤ᠂ᠠᠷᠠᠪ ᠪᠠᠷᠢᠯᠭ᠎ᠠ ᠶ᠋ᠢᠨ ᠮᠡᠷᠭᠡᠵᠢᠯ ᠢ᠋ ᠤᠶᠠᠯᠳᠤᠭᠤᠯᠤᠭᠰᠠᠨ ᠲᠣᠮᠣ ᠰᠠᠷᠠᠪᠴᠢᠲᠤ ᠬᠡᠯᠪᠡᠷᠢ ᠶ᠋ᠢᠨ ᠪᠠᠷᠢᠯᠭ᠎ᠠ ᠪᠣᠯᠤᠨ᠎ᠠ᠃ᠲᠣᠮᠣ ᠰᠠᠷᠠᠪᠴᠢᠲᠤ ᠪᠠᠷᠢᠯᠭ᠎ᠠ ᠶ᠋ᠢᠨ ᠬᠡᠯᠪᠡᠷᠢ ᠪᠣᠯ ᠶᠡᠬᠡ ᠶᠤᠸᠠᠨ ᠤᠯᠤᠰ ᠤ᠋ᠨ ᠭᠡᠷ ᠪᠠᠷᠢᠯᠭ᠎ᠠ ᠶ᠋ᠢᠨ ᠰᠢᠨ᠎ᠡ ᠪᠦᠲᠦᠭᠡᠯ ᠮᠥᠨ᠃ᠲᠡᠷᠡ ᠨᠢ ᠲᠤᠯᠭᠠᠭᠤᠷᠢ ᠶ᠋ᠢ ᠴᠥᠭᠡᠳᠬᠡᠬᠦ ᠪᠠ ᠰᠢᠯᠵᠢᠭᠦᠯᠬᠦ ᠠᠷᠭ᠎ᠠ ᠪᠠᠷᠢᠯ ᠢ᠋ ᠬᠡᠷᠡᠭᠯᠡᠵᠦ ᠣᠷᠳᠣᠨ ᠬᠠᠷᠰᠢ ᠶ᠋ᠢᠨ ᠳᠣᠲᠣᠷᠠᠬᠢ ᠣᠷᠣᠨ ᠵᠠᠢ ᠶ᠋ᠢ ᠥᠷᠭᠡᠳᠬᠡᠭᠰᠡᠨ ᠶᠤᠮ ᠃ᠧᠦ᠋ᠷᠣᠫᠠ᠂ ᠳᠤᠮᠳᠠᠳᠤ᠂ ᠠᠷᠠᠪ ᠪᠠᠷᠢᠯᠭ᠎ᠠ ᠶ᠋ᠢᠨ ᠬᠡᠯᠪᠡᠷᠢ ᠶ᠋ᠢ ᠤᠶᠠᠯᠳᠤᠭᠤᠯᠤᠨ ᠬᠢᠭᠰᠡᠨ ᠢ᠋ᠶ᠋ᠡᠷ ᠪᠠᠷᠢᠯᠭ᠎ᠠ ᠶ᠋ᠢᠨ ᠮᠣᠳᠣᠨ ᠮᠠᠲ᠋ᠧᠷᠢᠶᠠᠯ ᠢ᠋ ᠬᠡᠷᠡᠭᠯᠡᠬᠦ ᠬᠡᠮᠵᠢᠶ᠎ᠡ ᠶ᠋ᠢ ᠤᠤᠯ ᠤ᠋ᠨ ᠬᠢ ᠡᠴᠡ ᠶᠡᠬᠡ ᠪᠡᠷ ᠪᠠᠭᠠᠰᠬᠠᠵᠤ ᠪᠠᠷᠢᠯᠭ᠎ᠠ ᠶ᠋ᠢᠨ ᠮᠡᠷᠭᠡᠵᠢᠯ ᠰᠢᠨᠡᠴᠢᠯᠡᠯᠲᠡ ᠶ᠋ᠢ ᠰᠢᠨ᠎ᠡ ᠱᠠᠲᠤᠨ ᠳ᠋ᠤ᠌ ᠳᠠᠪᠰᠢᠭᠤᠯᠤᠭᠰᠠᠨ ᠪᠢᠯᠡ᠃