ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠭᠤᠷᠪᠠ Үүрийн туяа III – Б ᠂ Ренчин Гуравдугаар дэвтэр "Баялдаж олсон эх орон"-3 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠭᠤᠷᠪᠠ Үүрийн туяа III – Б ᠂ Ренчин Гуравдугаар дэвтэр "Баялдаж олсон эх орон"-3

ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠭᠤᠷᠪᠠ Үүрийн туяа III – Б ᠂ Ренчин Гуравдугаар дэвтэр "Баялдаж олсон эх орон"-3

ᠠᠩᠭᠢᠯᠠᠯ:ᠲᠤᠭᠤᠵᠢ ᠷᠣᠮᠠᠨ
2025-03-10

204

ᠭᠤᠷᠪᠠ᠂ ᠬᠣᠢᠴᠢ ᠶ᠋ᠢᠨ ᠵᠠᠮ ᠨᠡᠭᠡᠭᠡᠭᠳᠡᠪᠡ

     
              ᠲᠦᠮᠡᠨ ᠦᠶ᠎ᠡ ᠶ᠋ᠢᠨ ᠪᠠᠯᠠᠷ ᠰᠥᠨᠢ ᠥᠩᠭᠡᠷᠡᠵᠦ᠂  
              ᠲᠦᠨᠡᠷ ᠬᠠᠷᠠᠩᠭᠤᠢ ᠳ᠋ᠤ᠌ ᠭᠡᠭᠡ ᠣᠷᠣᠵᠠᠢ᠃      
                       ᠬᠦᠷᠵᠢ ᠶ᠋ᠢᠨ ᠬᠠᠮᠲᠤᠷᠠᠯᠴᠢᠳ ᠤ᠋ᠨ ᠳᠠᠭᠤᠤ ᠠ᠋ᠴᠠ    
              ᠰᠠᠨᠠᠭ᠎ᠠ ᠰᠡᠳᠬᠢᠯ ᠮᠢᠨᠢ᠂ ᠶᠠᠪᠤᠬᠤ ᠲᠣᠰᠤᠮ       
              ᠰᠠᠷᠠᠭᠤᠯ ᠲᠤᠩᠭᠠᠯᠠᠭ ᠪᠣᠯᠤᠭᠰᠠᠭᠠᠷ ᠪᠣᠢ᠃             
                         ᠶᠡᠺᠦᠢ᠍ᠪ ᠺᠣᠯᠠᠰ  

      ᠳᠠᠢᠴᠢᠩ ᠤᠯᠤᠰ ᠤ᠋ᠨ ᠪᠠᠳᠠᠷᠠᠭᠤᠯᠲᠤ ᠶ᠋ᠢᠨ ᠦᠶ᠎ᠡ ᠳ᠋ᠦ᠍ ᠪᠡᠭᠡᠵᠢᠩ ᠣᠷᠣᠵᠤ᠂ ᠥᠷᠢ ᠰᠢᠷᠢ ᠲᠠᠯᠪᠢᠵᠤ ᠪᠡᠢᠰᠡ ᠶ᠋ᠢᠨ ᠵᠡᠷᠭᠡ ᠣᠯᠵᠤ ᠢᠷᠡᠭᠡᠳ᠂ ᠠᠦ᠋ᠲ᠋ᠣᠨᠣᠮᠢ ᠪᠠᠢᠭᠤᠯᠤᠭᠰᠠᠨ ᠣᠯᠠᠨ᠎ᠠ ᠶ᠋ᠢᠨ ᠦᠶ᠎ᠡ ᠳ᠋ᠦ᠍ ᠨᠢᠭᠡᠨ ᠵᠡᠷᠭᠡ ᠲᠠᠪᠰᠢᠵᠤ ᠪᠡᠢᠯᠡ ᠪᠣᠯᠤᠭᠰᠠᠨ ᠡᠪᠦᠭᠡᠨ ᡀᠠ ᠵᠠᠰᠠᠭ᠂ ᠵᠠᠮᠰᠦ᠋ᠷᠦᠩᠵᠠᠪ ᠲᠠᠢᠵᠢ ᠶ᠋ᠢᠨ ᠦᠭᠡ ᠬᠡᠯᠡᠵᠦ ᠪᠠᠢᠭ᠎ᠠ ᠶ᠋ᠢ ᠰᠣᠨᠣᠰᠴᠤ ᠪᠠᠢᠭ᠎ᠠ ᠳᠦᠷᠢᠮ ᠦᠵᠡᠭᠦᠯᠦᠨ ᠰᠠᠭᠤᠪᠠᠴᠤ ᠶᠡᠬᠡᠯ᠎ᠡ(ᠶᠡᠬᠡ ᠯᠡ)ᠵᠠᠯᠬᠠᠭᠤᠷᠠᠵᠤ᠂ ᠪᠡᠶ᠎ᠡ ᠠᠯᠵᠢᠶᠠᠨ ᠴᠢᠯᠡᠭᠰᠡᠨ ᠪᠠᠢᠳᠠᠯ ᠲᠠᠢ᠂ ᠥᠲᠡᠯᠵᠦ ᠪᠣᠯᠢᠭᠰᠠᠨ ᠴᠢᠷᠠᠢ ᠨᠢ ᠤᠯᠠᠮ ᠤᠷᠪᠠᠭᠠᠷ ᠪᠣᠯᠵᠤ᠂ ᠱᠠᠯ ᠣᠨᠳᠣᠣ ᠶᠠᠭᠤᠮ᠎ᠠ ᠪᠣᠳᠣᠵᠤ ᠰᠠᠭᠤᠯ᠎ᠠ᠃ 
       — ᠣᠳᠣ ᠡᠨᠡ ᠮᠠᠭᠤ ᠭᠤᠩᠰᠢᠶ᠎ᠠ ᠲᠠᠢᠵᠢ᠂ ᠤᠳᠠᠬᠤ ᠦᠭᠡᠢ ᠨᠠᠮᠠᠶ᠋ᠢ(ᠨᠠᠮ᠎ᠠ ᠶ᠋ᠢ)ᠵᠡᠷᠭᠡ ᠬᠡᠷᠬᠡᠮ ᠢ᠋ᠶ᠋ᠡᠷ ᠭᠦᠢᠴᠡᠬᠦ ᠨᠢ ᠭᠡᠵᠦ ᡀᠠ ᠵᠠᠰᠠᠭ ᠰᠡᠳᠬᠢᠷᠦᠨ᠂ ᠠᠦ᠋ᠲ᠋ᠣᠨᠣᠮᠢ ᠪᠠᠢᠭᠤᠯᠬᠤ ᠳ᠋ᠤ᠌ ᠳᠡᠭᠡᠭᠦᠷ ᠳᠣᠣᠭᠤᠷ ᠭᠦᠶᠦᠵᠦ᠂ ᠬᠤᠳᠠᠯ ᠦᠨᠡᠨ ᠢ᠋ᠶ᠋ᠡᠷ ᠬᠦᠩ ᠦ᠋ᠨ ᠵᠡᠷᠭᠡ ᠱᠠᠩᠨᠠᠭᠤᠯᠤᠭᠠᠳ᠂ ᠠᠦ᠋ᠲ᠋ᠣᠨᠣᠮᠢ ᠶ᠋ᠢ ᠤᠰᠠᠳᠬᠠᠬᠤ ᠳ᠋ᠤ᠌ ᠭᠠᠮᠢᠩ ᠤ᠋ᠨ ᠤᠷᠢᠳᠤ ᠬᠣᠢᠨ᠎ᠠ ᠨᠢ ᠣᠷᠣᠵᠤ᠂ ᠭᠦᠶᠦᠭᠰᠡᠭᠡᠷ ᠪᠠᠢᠭᠠᠳ᠂ ᠬᠤᠰᠢᠭᠤᠨ ᠤ᠋ ᠪᠠᠢᠰᠠ ᠪᠣᠯᠤᠭᠠᠳ᠂ ᠣᠳᠣ ᠪᠠᠷᠣᠨ ᠤ᠋ ᠵᠤᠯᠤᠭ ᠢ᠋ ᠨᠢ ᠳᠣᠯᠢᠶᠠᠵᠤ᠂ ᠪᠠᠰᠠ ᠶᠠᠭᠤ ᠪᠣᠯᠬᠤ ᠭᠡᠵᠦ ᠪᠠᠢᠭ᠎ᠠ ᠶᠤᠮ ᠪᠣᠯ ᠳᠠ? ᠲᠩᠷᠢ ᠨᠠᠳᠠᠳᠤ(ᠨᠠᠳᠠ ᠳ᠋ᠤ᠌) ᠦᠷ᠎ᠡ ᠶ᠋ᠢᠨ ᠬᠤᠲᠤᠭ ᠡᠰᠡ ᠵᠠᠶᠠᠭᠠᠭᠰᠠᠨ ᠲᠤᠯᠠ᠂ ᠨᠠᠮᠠᠶ᠋ᠢ (ᠨᠠᠮ᠎ᠠ ᠶ᠋ᠢ) ᠬᠠᠳᠠᠨ ᠭᠡᠷ ᠲᠦ᠍ ᠭᠠᠷᠬᠤ ᠳ᠋ᠤ᠌᠂ ᠡᠨᠡ ᠮᠠᠭᠤ ᠨᠣᠬᠠᠢ᠂ ᠶᠠᠭᠤᠨ ᠤ᠋ ᠡᠮᠦᠨ᠎ᠡ ᠮᠢᠨᠦ ᠬᠣᠰᠢᠭᠤ ᠵᠠᠰᠠᠭ ᠤ᠋ᠨ ᠵᠡᠷᠭᠡ ᠬᠡᠷᠬᠡᠮ ᠵᠠᠯᠭᠠᠮᠵᠢᠯᠠᠬᠤ ᠭᠡᠵᠦ ᠭᠦᠶᠦᠬᠦ ᠶᠦᠮ ᠪᠠᠢᠨ᠎ᠠ ᠰᠢᠦ ᠳᠡ ᠭᠡᠵᠦ ᠪᠣᠳᠣᠵᠤ ᠰᠠᠭᠤᠭᠰᠠᠨ ᠪᠠᠢᠵᠠᠢ᠃ 
       ᠭᠡᠷ ᠲᠦ᠋ᠨᠢ( ᠲᠤ ᠨᠢ) ᠶᠡᠬᠡ ᠬᠠᠭᠤᠷᠠᠢ ᠳᠤᠯᠠᠭᠠᠬᠠᠨ᠂ ᠠᠷᠭᠠᠯ ᠤ᠋ᠨ ᠤᠲᠤᠭᠠᠨ ᠤ᠋ ᠦᠨᠦᠷ ᠬᠠᠩᠬᠤᠯᠤᠰᠬᠢᠵᠤ᠂ ᠲᠥᠪᠡᠳ ᠬᠦᠷᠡᠩ ᠬᠦᠵᠢ ᠶ᠋ᠢᠨ ᠰᠠᠢᠬᠠᠨ ᠦᠨᠦᠷ ᠠᠩᠬᠢᠯᠵᠤ᠂ ᠤᠨᠲᠠᠷᠠᠵᠤ ᠪᠠᠢᠭ᠎ᠠ ᠴᠣᠭ ᠲᠠᠢ ᠬᠣᠪᠣᠩ ᠳᠡᠭᠡᠷᠡᠬᠢ ᠮᠥᠩᠭᠥᠨ ᠳᠣᠩᠪᠣ (ᠳᠣᠮᠪᠣ) ᠲᠠᠢ᠂ ᠰᠠᠷᠯᠤᠭ ᠤ᠋ᠨ ᠥᠳᠬᠡᠨ ᠰᠦ ᠪᠡᠷ ᠰᠦᠯᠡᠭᠰᠡᠨ ᠰᠠᠢᠬᠠᠨ ᠴᠠᠢ ᠠ᠋ᠴᠠ ᠲᠤᠩ ᠲᠠᠭᠠᠲᠠᠢᠬᠠᠨ ᠦᠨᠦᠷ ᠭᠠᠷᠴᠤ ᠪᠠᠢᠪᠠ᠃ ᠬᠣᠢᠮᠣᠷ ᠵᠦᠭ ᠲᠦ᠍ ᠰᠡᠢᠯᠦᠮᠡᠯ ᠭᠦᠩᠭᠠᠷᠠᠪᠠ ᠶ᠋ᠢᠨ ᠬᠣᠶᠠᠷ ᠬᠠᠵᠠᠭᠤ ᠳ᠋ᠠᠬᠢ ᠴᠤᠭᠤᠯᠪᠤᠷᠢᠯᠠᠵᠤ ᠲᠠᠨ᠎ᠠ ᠰᠢᠭᠢᠳᠬᠡᠭᠰᠡᠨ ᠬᠠᠷ᠎ᠠ ᠽᠠᠨᠳᠠᠨ ᠰᠢᠷᠡᠭᠡᠨ ᠦ᠌ ᠳᠡᠭᠡᠷ᠎ᠡ ᠶᠠᠩᠵᠤ ᠶᠠᠩᠵᠤ ᠶ᠋ᠢᠨ ᠴᠠᠭ᠂ ᠡᠪᠡᠰᠦᠨ ᠳᠣᠲᠣᠷᠠᠬᠢ ᠴᠠᠷᠴᠠᠬᠠᠢ ᠭᠣᠯᠢᠶ᠎ᠠ ᠰᠢᠭ᠋ ᠴᠠᠭ ᠴᠠᠭ ᠳᠤᠤᠭᠠᠷᠴᠤ᠂ ᠬᠠᠵᠠᠭᠤ ᠪᠠᠷ ᠨᠢ ᠪᠠᠰᠠ ᠬᠠᠮᠠᠷ ᠮᠠᠭᠤ ᠲᠠᠢ ᠵᠠᠮᠰᠦ᠋ᠷᠦᠩᠵᠠᠪ ᠲᠠᠢᠵᠢ ᠶ᠋ᠢᠨ ᠭᠤᠩᠰᠢᠭᠢᠨᠠᠬᠤ ᠨᠢ᠂ ᠲᠠᠢᠵᠢ ᠶ᠋ᠢᠨ ᠮᠠᠯᠠᠭᠠᠢ ᠳ᠋ᠠᠬᠢ ᠪᠡᠢᠰᠡ ᠶ᠋ᠢᠨ ᠵᠢᠩᠰᠡ ᠰᠢᠷᠲᠡᠭᠰᠡᠨ ᡀᠠ ᠵᠠᠰᠠᠭ ᠤ᠋ᠨ ᠨᠣᠢᠷ ᠢ᠋ ᠥᠪᠡᠷ ᠦ᠋ᠨ ᠡᠷᠬᠡ ᠦᠭᠡᠢ ᠬᠦᠷᠭᠡᠯ᠎ᠡ᠃ ᠲᠡᠭᠡᠭᠡᠳ᠂ ᠬᠠᠪᠤᠷ ᠤ᠋ᠨ ᠵᠥᠭᠡᠯᠡᠨ ᠪᠥᠬᠡ ᠳ᠋ᠦ᠍ ᠳᠠᠷᠤᠭᠳᠠᠬᠤ ᠦᠭᠡᠢ ᠭᠡᠵᠦ ᠬᠥᠬᠦᠦᠷ ᠢ᠋ᠶ᠋ᠡᠨ ᠭᠠᠷᠭᠠᠵᠤ᠂ ᠵᠡᠭᠡᠷᠭᠡᠨ᠎ᠡ ᠶ᠋ᠢᠨ ᠦᠨᠡᠰᠦ ᠲᠡᠢ ᠬᠣᠯᠢᠭᠰᠠᠨ ᠲᠠᠮᠠᠬᠢ ᠬᠠᠯᠪᠠᠭᠠᠳᠠᠵᠤ ᠨᠡᠯᠢᠶᠡᠳ ᠰᠠᠢᠨ ᠲᠠᠲᠠᠮᠠᠭᠴᠠ᠂ ᠬᠠᠮᠠᠷ ᠳᠣᠲᠣᠷ᠎ᠠ ᠲᠠᠭᠠᠲᠠᠢ ᠰᠠᠢᠬᠠᠨ ᠢ᠋ᠶ᠋ᠠᠷ ᠵᠠᠭᠠᠲᠤᠨᠠᠭᠠᠳ ᠨᠢᠳᠦ ᠣᠩᠭᠣᠢᠵᠤ ᠨᠣᠢᠷ ᠰᠡᠷᠡᠭᠡᠳ᠂ ᠨᠢᠭᠡ ᠮᠡᠳᠡᠬᠦᠨ᠎ᠡ ᠲᠠᠢᠵᠢ ᠶ᠋ᠢᠨ ᠵᠢᠰᠤᠷᠴᠢ ᠪᠠᠢᠳᠠᠯ ᠢ᠋ᠶ᠋ᠠᠷ ᠭᠤᠩᠰᠢᠭᠢᠨᠠᠨ ᠬᠡᠯᠡᠵᠦ ᠪᠠᠢᠭᠰᠠᠨ ᠦᠭᠡ ᠶ᠋ᠢ ᠣᠭᠲᠣ ᠠᠩᠵᠠᠭᠠᠷᠠᠭᠰᠠᠨ ᠦᠭᠡᠢ᠂ ᠦᠭᠡ ᠨᠢ ᠴᠢᠬᠢᠨ ᠦ᠌ ᠦᠵᠦᠭᠦᠷ ᠢ᠋ᠶ᠋ᠡᠷ ᠥᠩᠭᠡᠷᠡᠵᠡᠢ᠃ 
       ᠵᠠᠮᠰᠥ᠋ᠷᠦᠩᠵᠠᠪ ᠲᠠᠢᠵᠢ᠂ ᡀᠠ ᠵᠠᠰᠠᠭ ᠤ᠋ᠨ ᠲᠡᠷᠡ ᠪᠠᠢᠳᠠᠯ ᠢ᠋ ᠬᠠᠷᠠᠭᠠᠳ᠂ ᠤᠴᠢᠷ ᠢ᠋ ᠬᠡᠳᠦᠢᠨᠡᠢ ᠲᠠᠭᠠᠪᠤᠷᠢᠯᠠᠨ ᠮᠡᠳᠡᠵᠦ᠂ ᠡᠪᠦᠭᠡᠨ ᠢ᠋ ᠳᠣᠲᠣᠷ᠎ᠠ ᠪᠠᠨ ᠶᠡᠬᠡᠯ᠎ᠡ(ᠶᠡᠬᠡ ᠯᠡ) ᠲᠣᠭᠣᠮᠰᠠᠷᠯᠠᠬᠤ ᠦᠭᠡᠢ ᠰᠡᠳᠬᠢᠷᠦᠨ᠂ 
       — ᠵᠠ᠂ ᠡᠨᠡ ᠮᠠᠭᠤ ᠡᠪᠦᠭᠡᠨ ᠵᠠᠰᠠᠭ᠂ ᠣᠳᠣ ᠵᠥᠨᠥᠬᠦ ᠰᠢᠬᠠᠵᠤ᠂ ᠮᠠᠷᠲᠠᠮᠠᠭᠠᠢ ᠨᠢ ᠳᠡᠩᠳᠡᠭᠡᠳ᠂ ᠬᠥᠮᠦᠨ ᠦ᠌ ᠬᠡᠯᠡᠭᠰᠡᠨ ᠦᠭᠡ ᠶ᠋ᠢ ᠬᠦᠷᠲᠡᠯ᠎ᠡ ᠲᠣᠭᠲᠠᠭᠠᠵᠤ ᠤᠬᠠᠭᠠᠷᠠᠬᠤ ᠴᠢᠳᠠᠯ ᠦᠭᠡᠢ ᠪᠣᠯᠵᠠᠢ᠃ ᠣᠳᠣ ᠯᠠᠪ᠂ ᠮᠢᠨᠦ ᠬᠡᠯᠡᠭᠰᠡᠨ ᠢ᠋ ᠳᠠᠬᠢᠵᠤ ᠠ? ᠭᠡᠵᠦ ᠠᠰᠠᠭᠤᠨ᠎ᠠ ᠳᠠ ᠭᠡᠵᠦ ᠪᠣᠳᠣᠪᠠᠴᠤ᠂ ᠴᠢᠷᠠᠢ ᠶ᠋ᠢ ᠲᠥᠪ ᠬᠢᠴᠢᠶᠡᠩᠭᠦᠢ ᠪᠣᠯᠭᠠᠨ ᠰᠠᠭᠤᠪᠠ᠃ 
       ᠭᠡᠷ ᠦ᠋ᠨ ᠳᠣᠲᠣᠷ᠎ᠠ ᠨᠠᠮ ᠭᠦᠮ ᠪᠣᠯᠵᠤ᠂ ᠭᠠᠭᠴᠠᠬᠦ(ᠭᠠᠭᠴᠠ ᠬᠦ᠌) ᠣᠯᠠᠨ ᠴᠠᠭ ᠤ᠋ᠨ ᠴᠠᠭ ᠴᠠᠭ ᠳᠤᠤᠭᠠᠷᠬᠤ ᠴᠢᠮᠡᠭᠡ᠂ ᠤᠨᠲᠠᠷᠠᠵᠤ ᠪᠠᠢᠭ᠎ᠠ ᠴᠣᠭ ᠲᠠᠢ ᠬᠣᠪᠣᠩ ᠳᠡᠭᠡᠷ᠎ᠡ ᠵᠥᠭᠡᠯᠡᠨ ᠢ᠋ᠶ᠋ᠡᠷ ᠪᠤᠴᠠᠯᠵᠤ ᠪᠠᠢᠭ᠎ᠠ ᠳᠣᠩᠪᠣ ᠲᠠᠢ ᠴᠠᠢ ᠶ᠋ᠢᠨ ᠯᠣᠭ ᠯᠣᠭ ᠭᠡᠵᠦ ᠳᠤᠤᠭᠠᠷᠬᠤ ᠴᠢᠮᠡᠭᠡᠨ ᠦ᠌ ᠲᠡᠳᠦᠢᠬᠡᠨ ᠰᠣᠨᠣᠰᠳᠠᠵᠠᠢ᠃ 
       — ᠵᠠ᠂ ᠨᠣᠶᠠᠨᠲᠠᠨ᠂ ᠡᠨᠡ ᠲᠤᠬᠠᠢ ᠶᠠᠭᠤ ᠭᠡᠵᠦ ᠪᠣᠯᠭᠣᠭᠠᠵᠤ ᠪᠠᠢᠭ᠎ᠠ ᠪᠣᠯ? ᠭᠡᠬᠦ ᠳ᠋ᠦ᠍ᠨᠢ(ᠳ᠋ᠦ᠍ ᠨᠢ)  ᡀᠠ ᠵᠠᠰᠠᠭ᠂ ᠡᠨᠡ ᠭᠣᠩᠰᠢᠶ᠎ᠠ ᠲᠠᠢᠵᠢ ᠶᠠᠭᠤ ᠭᠡᠵᠦ ᠬᠡᠯᠡᠭᠡᠳ ᠵᠣᠭᠰᠣᠭᠰᠠᠨ ᠪᠢᠯᠡ ᠳᠠ? ᠭᠡᠵᠦ ᠰᠠᠨᠠᠵᠤ ᠶᠠᠳᠠᠨ᠂ ᠤᠷᠤᠭᠤᠯ ᠢ᠋ᠶ᠋ᠠᠨ ᠥᠮᠥᠷ ᠥᠮᠥᠷ ᠬᠥᠳᠡᠯᠭᠡᠭᠡᠳ᠂ ᠮᠠᠷᠲᠠᠮᠠᠭᠠᠢ ᠪᠠᠨ ᠮᠡᠳᠡᠭᠳᠡᠬᠦ ᠦᠭᠡᠢ  ᠭᠡᠵᠦ᠂ ᠥᠴᠦᠬᠡᠨ ᠠᠷᠭ᠎ᠠ ᠬᠡᠷᠡᠭᠯᠡᠭᠰᠡᠨ ᠨᠢ᠄ 
       — ᠲᠠ ᠥᠪᠡᠷ ᠢ᠋ᠶ᠋ᠡᠨ ᠴᠣᠬᠣᠮ ᠶᠠᠭᠠᠬᠢᠪᠠᠯ ᠳᠡᠭᠡᠷ᠎ᠡ ᠭᠡᠵᠦ ᠪᠣᠳᠣᠵᠤ ᠪᠠᠢᠨ᠎ᠠ? ᠭᠡᠬᠦ ᠳ᠋ᠦ᠍ᠨᠢ( ᠳ᠋ᠦ᠍ ᠨᠢ)᠂ 
       — ᠲᠠᠨ ᠳ᠋ᠤ᠌ ᠰᠠᠢ᠍ᠢ(ᠰᠠᠶᠢ) ᠠᠢᠯᠠᠳᠬᠠᠭᠰᠠᠨ ᠶᠣᠰᠣᠭᠠᠷ ᠪᠣᠯᠭᠠᠪᠠᠯ ᠵᠦᠭᠡᠷ ᠪᠣᠯᠪᠠᠤ( ᠪᠣᠯᠪᠠ ᠤᠤ) ᠭᠡᠵᠦ ᠪᠣᠳᠣᠵᠤ ᠪᠠᠢᠨ᠎ᠠ ᠭᠡᠯ᠎ᠡ᠃ 
       — ᠴᠣᠬᠣᠮ ᠶᠠᠭᠠᠬᠢᠬᠤ ᠪᠣᠢ᠂ ᠲᠡᠭᠡᠭᠡᠳ? ᠭᠡᠬᠦ ᠳ᠋ᠦ᠍ᠨᠢ( ᠳ᠋ᠦ᠍ ᠨᠢ)᠂ 
       — ᠮᠢᠨᠦ ᠪᠣᠳᠣᠬᠤ ᠳ᠋ᠤ᠌᠂ ᠣᠯᠠᠨ ᠰᠤᠮᠤ ᠠ᠋ᠴᠠ ᠵᠣᠬᠢᠬᠤ ᠲᠣᠭᠠᠨ ᠤ᠋ ᠴᠡᠷᠢᠭ ᠡᠷ᠎ᠡ ᠳᠠᠢᠴᠢᠯᠠᠨ ᠮᠣᠷᠳᠠᠭᠤᠯᠵᠤ᠂ ᠪᠠᠰᠠ ᠪᠠᠷᠤᠨ ᠤ᠋ ᠴᠡᠷᠢᠭ ᠲᠦ᠍ ᠰᠠᠢᠨ ᠳᠤᠷ᠎ᠠ ᠪᠠᠷ ᠮᠣᠷᠳᠠᠭᠰᠠᠨ ᠬᠥᠮᠦᠨ ᠳ᠋ᠦ᠍ ᠰᠠᠷ᠎ᠠ ᠳᠣᠳᠣᠮ ᠳᠠᠯᠠᠨ ᠶᠠᠩᠴᠢᠶᠠᠨ ᠤ᠋ ᠴᠠᠯᠢᠩ ᠣᠯᠭᠣᠬᠤ ᠶ᠋ᠢ ᠥᠷᠭᠡᠨ ᠢ᠋ᠶ᠋ᠡᠷ ᠵᠠᠷᠯᠠᠨ ᠰᠣᠨᠣᠰᠬᠠᠪᠠᠯ ᠰᠠᠢᠨ ᠶᠤᠮᠰᠠᠨ(ᠶᠤᠮ ᠰᠠᠨ )ᠭᠡᠵᠦ ᠪᠣᠳᠣᠵᠤ ᠪᠠᠢᠨ᠎ᠠ ᠳᠠ ᠭᠡᠬᠦ  ᠳ᠋ᠦ᠍ᠨᠢ (ᠳ᠋ᠦ᠍ ᠨᠢ)᠂ 
       — ᠠ᠂ ᠲᠡᠢᠮᠦ᠂ ᠴᠡᠷᠢᠭ ᠲᠠᠲᠠᠬᠤ ᠲᠤᠬᠠᠢ ᠶᠠᠷᠢᠵᠤ ᠪᠠᠢᠭᠰᠠᠨ ᠪᠢᠯᠡ ᠯᠠ ᠭᠡᠵᠦ ᠰᠠᠨᠠᠵᠤ ᠣᠯᠤᠭᠠᠳ᠂ ᡀᠠ ᠵᠠᠰᠠᠭ ᠶᠡᠬᠡᠯ᠎ᠡ (ᠶᠡᠬᠡ ᠯᠡ)ᠠᠯᠵᠢᠶᠠᠭᠰᠠᠨ ᠴᠢᠷᠠᠢ ᠲᠠᠢ᠂ ᠨᠢᠳᠦ ᠪᠡᠨ ᠠᠨᠢᠭᠠᠳ ᠪᠣᠳᠣᠯᠭ᠎ᠠ ᠪᠣᠯᠵᠤ᠂ ᠲᠡᠢᠮᠦ ᠠ᠋ ᠲᠡᠢᠮᠦ᠃ ᠡᠨᠡ ᠵᠠᠮᠰᠦ᠋ᠷᠦᠩᠵᠠᠪ ᠴᠢᠨᠢ ᠬᠦᠷᠢᠶ᠎ᠡ ᠡᠴᠡ ᠪᠠᠷᠣᠨ ᠤ᠋ ᠴᠡᠷᠢᠭ ᠲᠦ᠍ ᠬᠤᠰᠢᠭᠤᠨ ᠤ᠋ ᠡᠷᠡᠴᠦᠳ ᠢ᠋ ᠳᠠᠢᠴᠢᠯᠠᠨ ᠮᠣᠷᠳᠠᠭᠤᠯᠬᠤ ᠲᠥᠯᠥᠭᠡᠯᠡᠭᠴᠢ ᠪᠡᠷ  ᠢᠷᠡᠭᠰᠡᠨ ᠪᠢᠯᠡ ᠯᠠ᠂ ᠡᠨᠡ ᠬᠡᠷᠡᠭ ᠲᠦ᠍ ᠲᠡᠭᠡᠵᠦ ᠨᠢᠭᠡ ᠶᠡᠬᠡ ᠶᠠᠭᠠᠷᠠᠭᠰᠠᠨ ᠤ᠋ ᠬᠡᠷᠡᠭ ᠪᠠᠢᠨ᠎ᠠ ᠭᠡᠵᠢ ᠤᠤ ᠳᠠ? ᠣᠳᠣ᠂ ᠴᠠᠭ ᠲᠥᠷᠥ ᠶ᠋ᠢᠨ ᠪᠠᠢᠳᠠᠯ ᠰᠠᠮᠠᠭᠤᠨ᠂ ᠶᠡᠷᠦ ᠤᠰᠤ ᠦᠵᠡᠯ ᠦᠭᠡᠢ ᠭᠤᠲᠤᠯ ᠲᠠᠢᠯᠵᠤ ᠪᠣᠯᠬᠤ ᠦᠭᠡᠢ᠃ ᠮᠠᠨᠠᠢ (ᠮᠠᠨ ᠤ᠋)ᠤᠯᠤᠰ ᠲᠤ᠌ ᠣᠳᠣ ᠨᠢᠭᠡ ᠮᠡᠳᠡᠬᠦᠨ᠎ᠡ ᠭᠤᠷᠪᠠᠨ ᠵᠠᠰᠠᠭ ᠲᠠᠢ ᠪᠣᠯᠵᠤ᠂ ᠭᠠᠮᠢᠩ ᠬᠡᠳᠦᠢᠨᠡᠢ(ᠬᠡᠳᠦᠢᠨ ᠦ᠌)ᠬᠦᠷᠢᠶ᠎ᠡ ᠡᠴᠡ ᠬᠥᠭᠡᠭᠡᠭᠳᠡᠨ ᠳᠠᠷᠤᠭᠳᠠᠪᠠᠴᠤ᠂ ᠬᠢᠲᠠᠳ ᠭᠡᠳᠡᠭ ᠶᠡᠷᠦ ᠰᠢᠷᠭᠤᠯᠵᠢ ᠠ᠋ᠴᠠ ᠣᠯᠠᠨ ᠶᠤᠮ ᠭᠠᠵᠠᠷ᠂ ᠬᠡᠷᠡᠮ ᠦ᠋ᠨ ᠴᠠᠭᠠᠨ᠎ᠠ ᠠ᠋ᠴᠠ ᠳᠠᠬᠢᠭᠠᠳ ᠰᠢᠨ᠎ᠡ ᠴᠡᠷᠢᠭ ᠢᠷᠡᠵᠦ ᠮᠡᠳᠡᠬᠦ ᠯᠡ ᠬᠡᠷᠡᠭ᠃ ᠡᠨᠡ ᠪᠠᠷᠣᠨ ᠵᠠᠩᠵᠤᠨ᠂ ᠴᠡᠷᠢᠭ ᠲᠡᠭᠡᠨ ( ᠲᠤ ᠪᠡᠨ) ᠮᠣᠩᠭᠣᠯ ᠬᠥᠮᠦᠨ ᠢ᠋ ᠲᠠᠲᠠᠬᠤ ᠭᠡᠵᠦ ᠲᠥᠯᠥᠭᠡᠯᠡᠭᠴᠢ ᠮᠣᠷᠳᠠᠭᠤᠯᠵᠤ ᠪᠠᠢᠭ᠎ᠠ ᠶ᠋ᠢ ᠦᠵᠡᠬᠦᠨ᠎ᠡ᠂ ᠣᠷᠣᠰ ᠴᠡᠷᠢᠭ ᠨᠢ ᠨᠢᠮᠭᠡᠨ ᠪᠠᠢᠭ᠎ᠠ ᠶ᠋ᠢᠨ ᠰᠢᠨᠵᠢ ᠪᠢᠵᠡ᠃ ᠲᠡᠭᠡᠭᠡᠳ ᠯᠡ ᠮᠣᠩᠭᠣᠯ ᠤ᠋ᠨ ᠭᠠᠷ ᠢ᠋ᠶ᠋ᠠᠷ ᠤᠯᠠᠭᠠᠨ ᠤ᠋ ᠮᠣᠭᠠᠢ ᠶ᠋ᠢ ᠪᠠᠷᠢᠭᠤᠯᠬᠤ ᠰᠠᠨᠠᠭᠠᠲᠠᠢ ᠪᠣᠯᠤᠯᠲᠠᠢ᠃ ᠭᠡᠲᠡᠯ᠎ᠡ᠂ ᠣᠷᠣᠰ ᠤᠯᠤᠰ ᠴᠠᠭᠠᠨ᠎ᠠ ᠪᠠᠨ ᠬᠥᠮᠦᠨ ᠣᠯᠠᠨ ᠲᠠᠢ ᠤᠯᠤᠰ ᠰᠢᠦ ᠳᠡ᠃  ᠮᠠᠨᠠᠢᠬᠢᠨ(ᠮᠠᠨ ᠤ᠋ ᠬᠢᠨ)ᠳᠠᠭᠤᠤ ᠳ᠋ᠠᠭᠠᠨ(ᠳ᠋ᠤ᠌ ᠪᠠᠨ) ᠴᠤ᠌《ᠣᠷᠣᠰ ᠣᠯᠠᠨ ᠤᠤ᠂ ᠣᠷᠬᠣᠨ ᠭᠣᠣᠯ ᠤ᠋ᠨ ᠵᠢᠷᠠᠭᠠᠬᠠᠢ ᠣᠯᠠᠨ ᠤᠤ》 ᠭᠡᠵᠦ ᠳᠠᠭᠤᠯᠠᠳᠠᠭ ᠨᠢ ᠤᠴᠢᠷ ᠲᠠᠢ ᠪᠢᠰᠢ ᠤᠤ? ᠣᠷᠣᠰ ᠭᠠᠵᠠᠷ ᠣᠳᠣ ᠤᠯᠠᠭᠠᠨ ᠨᠠᠮ ᠤ᠋ᠨ ᠬᠢᠨ ᠳᠡᠢᠯᠦᠭᠡᠳ ᠪᠠᠢᠭ᠎ᠠ ᠭᠡᠳᠡᠭ᠃ ᠡᠨᠡ ᠪᠠᠷᠣᠨ᠂ ᠤᠯᠠᠭᠠᠨ ᠣᠷᠣᠰ ᠢ᠋ ᠪᠠᠢᠯᠳᠤᠬᠤ ᠬᠡᠳᠦ ᠶ᠋ᠢᠨ ᠰᠠᠨᠠᠭᠠᠲᠠᠢ᠂ ᠪᠠᠰᠠ ᠬᠢᠶᠠᠭᠲᠤ ᠳ᠋ᠤ᠌ ᠰᠦᠬᠡᠪᠠᠭᠠᠲᠤᠷ᠂ ᠴᠣᠢᠪᠠᠯᠰᠠᠩ ᠤ᠋ᠨ ᠲᠦᠷ ᠵᠠᠰᠠᠭ ᠤ᠋ᠨ ᠭᠠᠵᠠᠷ ᠭᠡᠵᠦ ᠨᠢᠭᠡ ᠵᠠᠰᠠᠭ ᠤ᠋ᠨ ᠭᠠᠵᠠᠷ ᠪᠣᠢ ᠪᠣᠯᠤᠭᠠᠳ ᠪᠠᠢᠭ᠎ᠠ ᠰᠢᠦ ᠳᠡ᠃ ᠲᠡᠷᠡ ᠵᠠᠰᠠᠭ ᠤ᠋ᠨ ᠭᠠᠵᠠᠷ᠂ ᠮᠠᠨᠠᠢ(ᠮᠠᠨ ᠤ᠋) ᠣᠯᠠᠨ ᠯᠠᠮᠠ ᠨᠣᠶᠠᠳ᠂ ᠬᠠᠷᠠᠴᠤ ᠠᠷᠠᠳ ᠲᠤ᠌ ᠲᠤᠩᠬᠠᠭᠯᠠᠨ ᠵᠠᠷᠯᠠᠭᠰᠠᠨ ᠢ᠋ ᠦᠵᠡᠪᠡᠯ᠂ ᠭᠠᠮᠢᠩ ᠤ᠋ᠨ ᠡᠰᠡᠷᠭᠦ᠂ ᠪᠠᠰᠠ ᠪᠠᠷᠣᠨ ᠪᠣᠯᠣᠳ ᠲᠡᠭᠦᠨ ᠦ᠌ ᠴᠠᠭᠠᠨ ᠣᠷᠣᠰ ᠤ᠋ᠨ ᠡᠰᠡᠷᠭᠦ ᠭᠤᠷᠪᠠᠳᠤᠭᠠᠷ ᠨᠢᠭᠡ ᠵᠠᠰᠠᠭ ᠤ᠋ᠨ ᠭᠠᠵᠠᠷ ᠠᠵᠢ᠃ ᠭᠠᠮᠢᠩ᠂ ᠪᠠᠷᠣᠨ᠂ ᠴᠠᠭᠠᠨ ᠢ᠋ ᠭᠠᠭᠴᠠᠭᠠᠷ ᠢ᠋ᠶ᠋ᠠᠨ ᠲᠡᠢᠮᠦ ᠵᠢᠷᠦᠬᠡ ᠲᠡᠢ ᠡᠰᠡᠷᠭᠦᠴᠡᠬᠦ ᠶ᠋ᠢ ᠪᠣᠳᠣᠪᠠᠯ᠂ ᠨᠡᠯᠢᠶᠡᠳ ᠤᠯᠠ ᠰᠠᠢᠲᠠᠢ᠂ ᠲᠦᠰᠢᠭ ᠪᠢᠷ᠎ᠠ ᠲᠠᠢ ᠵᠠᠰᠠᠭ ᠪᠠᠢᠬᠤ ᠨᠢ ᠠ᠋᠃ ᠡᠨᠡ ᠣᠯᠠᠨ ᠵᠠᠰᠠᠭ ᠤ᠋ᠨ ᠭᠠᠵᠠᠷ ᠤ᠋ᠨ ᠠᠯᠢᠨ ᠢ᠋ ᠳᠠᠭᠠᠵᠤ ᠪᠠᠢᠳᠠᠭ ᠶᠤᠮ ᠪᠢᠯᠡ? ᠡᠷᠬᠡ ᠮᠠᠲᠠᠯ ᠲᠡᠮᠡᠴᠡᠵᠦ ᠪᠠᠢᠭ᠎ᠠ ᠡᠨᠡ ᠭᠤᠷᠪᠠᠨ ᠤ᠋ ᠴᠣᠬᠣᠮ ᠬᠡᠨ ᠨᠢ᠂ ᠡᠴᠦᠰ ᠲᠡᠭᠡᠨ( ᠲᠤ ᠪᠡᠨ) ᠳᠡᠢᠯᠳᠡᠭ ᠢ᠋ ᠮᠡᠳᠡᠳᠡᠭ ᠪᠣᠯᠤᠭᠠᠰᠠᠢ᠃ ᠶᠡᠷᠦᠨᠢ ᠴᠠᠭ ᠤ᠋ᠨ ᠪᠠᠢᠳᠠᠯ ᠢ᠋ ᠬᠦᠯᠢᠶᠡᠵᠦ ᠦᠵᠡᠪᠡᠯ᠂ ᠬᠠᠮᠤᠭ ᠤ᠋ᠨ ᠳᠡᠭᠡᠳᠦ ᠠᠷᠭ᠎ᠠ ᠪᠣᠯᠤᠨ᠎ᠠ ᠪᠠᠢᠬ᠎ᠠ ᠭᠡᠵᠦ ᠪᠣᠳᠣᠵᠤ ᠪᠠᠢᠲᠠᠯ᠎ᠠ᠂ ᠬᠡᠳᠦ ᠬᠣᠨᠣᠭ ᠤ᠋ᠨ ᠡᠮᠦᠨ᠎ᠡ ᠨᠢᠭᠡ ᠪᠦᠯᠦᠭ ᠴᠠᠭᠠᠨ ᠨᠠᠮ ᠤ᠋ᠨ ᠣᠷᠣᠰ᠂ ᠲᠤᠰ ᠬᠣᠰᠢᠭᠤ ᠨᠤᠲᠤᠭ ᠢ᠋ᠶ᠋ᠠᠷ ᠳᠠᠭᠠᠷᠢᠨ ᠥᠩᠭᠡᠷᠡᠬᠦ ᠳ᠋ᠡᠭᠡᠨ( ᠳ᠋ᠦ᠍ ᠪᠡᠨ)᠂ ᠰᠦᠷᠦᠭ ᠡᠴᠡ ᠮᠢᠨᠢ ᠠᠷᠪᠠᠨ ᠰᠢᠯᠢᠳᠡᠭ ᠮᠣᠷᠢ ᠶ᠋ᠢ ᠳᠤᠷ᠎ᠠ  ᠮᠡᠳᠡᠨ ᠪᠠᠷᠢᠵᠤ ᠤᠨᠤᠭᠠᠳ᠂ ᠠᠬᠠᠯᠠᠬᠤ ᠣᠷᠣᠰ ᠨᠣᠶᠠᠨ ᠨᠢ ᠠᠷᠪᠠᠨ ᠠᠳᠤᠭᠤ ᠪᠠᠢᠲᠤᠭᠠᠢ᠂ ᠬᠡᠷᠡᠭ ᠭᠠᠷᠪᠠᠯ ᠰᠦᠷᠦᠭ ᠢ᠋ᠶ᠋ᠡᠷ ᠨᠢ ᠬᠠᠮᠤᠭᠠᠳ ᠠᠪᠤᠨ᠎ᠠ ᠰᠢᠦ ᠭᠡᠵᠦ ᠨᠣᠶᠠᠨ ᠳ᠋ᠠᠭᠠᠨ( ᠳ᠋ᠤ᠌ ᠪᠠᠨ) ᠬᠡᠯᠡᠭᠡᠷᠡᠢ ᠭᠡᠵᠦ ᠠᠳᠤᠭᠤᠴᠢᠨ ᠢ᠋ ᠰᠦᠷᠳᠡᠭᠦᠯᠦᠭᠰᠡᠨ ᠢ᠋ ᠬᠣᠷᠣᠰᠤᠨ ᠰᠠᠨᠠᠭᠠᠳ᠂ ᠤᠯᠠᠮ ᠴᠤ᠌ ᠳᠤᠷ᠎ᠠ ᠦᠭᠡᠢ ᠨᠢ ᠬᠦᠷᠴᠦ᠂ ᠬᠦᠷᠢᠶ᠎ᠡ ᠬᠣᠯᠠ᠂ ᠨᠤᠲᠤᠭ ᠠᠯᠤᠰ ᠪᠥᠭᠯᠡᠭᠦᠦ ᠪᠡᠷ ᠳᠠᠯᠢᠮᠳᠠᠭᠤᠯᠵᠤ ᠬᠣᠢᠰᠢ ᠰᠠᠭᠤᠵᠤ᠂ ᠴᠠᠭ ᠤ᠋ᠨ ᠪᠠᠢᠳᠠᠯ ᠢ᠋ ᠬᠠᠷᠠᠵᠠᠨᠠᠬᠤ ᠨᠢ ᠲᠦᠮᠡᠨ ᠵᠦᠢ ᠭᠡᠵᠦ ᠰᠠᠨᠠᠭ᠎ᠠ ᠰᠢᠯᠤᠭᠤᠳᠴᠤ᠂ 
       — ᠲᠠ ᠲᠦᠷ ᠵᠠᠭᠤᠷ᠎ᠠ ᠶ᠋ᠢᠨ ᠠᠷᠠᠳ ᠤ᠋ᠨ ᠵᠠᠰᠠᠭ ᠭᠡᠳᠡᠭ ᠦ᠋ᠨ ᠲᠤᠩᠬᠠᠭᠯᠠᠨ ᠵᠠᠷᠯᠠᠭᠰᠠᠨ ᠪᠢᠴᠢᠭ ᠣᠯᠵᠤ ᠦᠵᠡᠪᠡ ᠤᠤ? ᠭᠡᠵᠦ ᠲᠠᠢᠵᠢ ᠠ᠋ᠴᠠ ᠠᠰᠠᠭᠤᠪᠠᠰᠤ᠂ 
       — ᠪᠢ ᠲᠡᠷᠡ ᠵᠠᠰᠠᠭ ᠢ᠋ ᠴᠦ᠍ ᠬᠦᠯᠢᠶᠡᠬᠦ ᠦᠭᠡᠢ᠂ ᠲᠡᠭᠦᠨ ᠦ᠌ ᠲᠤᠩᠬᠠᠭ ᠢ᠋ ᠴᠦ᠍ ᠵᠥᠪᠰᠢᠨ ᠬᠦᠯᠢᠶᠡᠵᠦ ᠴᠢᠳᠠᠬᠤ ᠦᠭᠡᠢ᠃ ᠮᠢᠨᠦ ᠪᠡᠶ᠎ᠡ᠂ ᠳᠠᠬᠢᠨ ᠮᠠᠨᠳᠤᠭᠤᠯᠤᠭᠰᠠᠨ ᠠᠦ᠋ᠲ᠋ᠣᠨᠣᠮᠢᠲᠤ ᠵᠠᠰᠠᠭ ᠤ᠋ᠨ ᠲᠦᠰᠢᠮᠡᠯ ᠪᠢᠯᠡ᠃ ᠥᠴᠦᠬᠡᠨ ᠮᠢᠨᠦ ᠮᠤᠩᠬᠠᠭᠯᠠᠨ ᠪᠣᠳᠣᠬᠤ ᠳ᠋ᠤ᠌᠂ ᠡᠷᠬᠢᠮ ᠲᠠ ᠴᠦ᠍ ᠮᠥᠨ ᠪᠣᠭᠳᠠ ᠬᠠᠭᠠᠨ ᠤ᠋ ᠵᠠᠰᠠᠭ ᠢ᠋ ᠨᠢᠭᠡ ᠠᠳᠠᠯᠢ ᠬᠦᠨᠳᠦᠳᠬᠡᠨ ᠳᠠᠭᠠᠬᠤ ᠠ᠋ᠴᠠ ᠪᠢᠰᠢ᠂ ᠠᠷᠠᠢ ᠲᠡᠷᠡ ᠰᠦᠬᠡᠪᠠᠭᠠᠲᠤᠷ᠂ ᠴᠣᠢᠪᠠᠯᠰᠠᠩ ᠨᠠᠷ ᠢ᠋ ᠳᠠᠭᠠᠬᠤ ᠦᠭᠡᠢ ᠪᠢᠵᠡ? ᠭᠡᠬᠦ ᠳ᠋ᠦ᠍ᠨᠢ( ᠳ᠋ᠦ᠍ ᠨᠢ)᠂ 
       — ᠪᠢ ᠪᠣᠭᠳᠠ ᠬᠠᠭᠠᠨ ᠤ᠋ ᠦᠨᠡᠨ ᠱᠠᠪᠢ ᠪᠣᠭᠣᠯ ᠪᠢᠯᠡ᠃ ᠭᠡᠪᠡᠴᠦ ᠮᠢᠨᠦ ᠪᠣᠳᠣᠬᠤ ᠳ᠋ᠤ᠌᠂ ᠲᠠ ᠬᠡᠷᠪᠡ ᠰᠠᠢᠨ ᠳᠤᠷ᠎ᠠ ᠶ᠋ᠢᠨ ᠴᠡᠷᠢᠭ ᠡᠯᠰᠡᠬᠦ ᠰᠠᠨᠠᠭ᠎ᠠ ᠲᠠᠢ ᠪᠣᠯ᠂ ᠠᠯᠪᠠ ᠪᠠᠷ ᠴᠡᠷᠢᠭ ᠲᠠᠲᠠᠬᠤ ᠶ᠋ᠢ ᠳᠠᠷᠠᠭ᠎ᠠ ᠪᠣᠯᠭᠠᠪᠠᠯ ᠵᠣᠬᠢᠬᠤ ᠪᠣᠯᠪᠠᠤ( ᠪᠣᠯᠪᠠ ᠤᠤ)᠃ 
       ᠬᠠᠷᠢᠨ᠂ ᠰᠠᠢᠨ ᠳᠤᠷ᠎ᠠ ᠪᠠᠷ ᠴᠡᠷᠢᠭ ᠲᠦ᠍ ᠮᠣᠷᠳᠠᠪᠠᠯ ᠰᠠᠷ᠎ᠠ ᠪᠦᠷᠢ ᠶ᠋ᠢᠨ ᠳᠠᠯᠠᠨ ᠲᠥᠭᠥᠷᠢᠭ ᠦ᠋ᠨ ᠶᠡᠬᠡ ᠴᠠᠯᠢᠩ ᠣᠯᠭᠣᠬᠤ ᠲᠡᠷᠡ ᠤᠴᠢᠷ ᠢ᠋ ᠰᠠᠢᠲᠤᠷ ᠵᠠᠷᠯᠠᠪᠠᠯ᠂ ᠴᠡᠷᠢᠭ ᠳᠠᠢᠴᠢᠯᠠᠯ ᠦᠭᠡᠢ᠂ ᠠᠶᠠᠨᠳᠠᠭᠠᠨ ᠰᠠᠢᠨ ᠳᠤᠷ᠎ᠠ ᠪᠠᠷ ᠡᠳᠦᠢ ᠲᠡᠳᠦᠢ ᠬᠥᠮᠦᠨ ᠡᠯᠰᠡᠬᠦ ᠶᠠᠭᠤᠨ ᠤ᠋ ᠮᠠᠭᠠᠳ᠃ ᠭᠤ ᠵᠠᠬᠢᠷᠤᠭᠴᠢ ᠴᠡᠷᠢᠭ ᠳᠠᠢᠴᠢᠯᠠᠬᠤ ᠶᠠᠪᠤᠳᠠᠯ ᠢ᠋  ᠤᠷᠢᠳ ᠠ᠋ᠴᠠ ᠪᠡᠯᠡᠳᠬᠡᠬᠦ ᠲᠤᠬᠠᠢ ᠨᠢᠭᠡᠨ᠎ᠡ ᠰᠤᠮᠤᠳ ᠢ᠋ᠶ᠋ᠠᠷ ᠪᠢᠴᠢᠭ ᠶᠠᠪᠤᠭᠤᠯᠤᠨ ᠵᠠᠷᠯᠠᠭᠰᠠᠨ ᠲᠤᠯᠠ᠂ ᠲᠡᠭᠦᠨ ᠢ᠋ ᠡᠨᠡ ᠤᠳᠠᠭ᠎ᠠ ᠲᠦᠷ ᠬᠦᠴᠦᠨ ᠲᠡᠢ ᠬᠡᠪ ᠢ᠋ᠶ᠋ᠡᠷ ᠦᠯᠡᠳᠡᠭᠡᠨ᠂ ᠭᠠᠭᠴᠠᠬᠦ(ᠭᠠᠭᠴᠠ ᠬᠦ᠌) ᠬᠤᠭᠤᠴᠠᠭ᠎ᠠ ᠵᠢᠭᠠᠨ ᠱᠠᠭᠠᠷᠳᠠᠬᠤ ᠶ᠋ᠢᠨ ᠬᠡᠷᠡᠭ ᠦᠭᠡᠢ ᠪᠣᠯᠪᠠᠤ? ᠭᠡᠵᠦ ᠪᠢ ᠦᠵᠡᠵᠦ ᠪᠠᠢᠨ᠎ᠠ᠃ ᠲᠡᠭᠡᠭᠰᠡᠨ ᠡᠴᠡ ᠣᠳᠣ ᠬᠠᠷᠢᠨ ᠰᠠᠢᠨ ᠳᠤᠷ᠎ᠠ ᠪᠠᠷ ᠡᠯᠰᠡᠬᠦ ᠵᠢᠷᠤᠮ ᠤ᠋ᠨ ᠴᠡᠷᠢᠭ ᠲᠦ᠍ ᠥᠴᠢᠨᠡᠨ ᠴᠠᠯᠢᠩ ᠣᠯᠭᠣᠨ᠎ᠠ ᠭᠡᠵᠦ ᠲᠤᠰ ᠬᠤᠰᠢᠭᠤᠨ ᠤ᠋ ᠣᠯᠠᠨ ᠰᠤᠮᠤᠳ ᠲᠤ᠌ ᠰᠠᠢᠲᠤᠷ ᠵᠠᠷᠯᠠᠨ ᠰᠣᠨᠣᠰᠬᠠᠪᠠᠯ᠂ ᠣᠯᠠᠨ ᠤ᠋ ᠰᠡᠳᠬᠢᠯ ᠢ᠋ ᠬᠥᠬᠢᠭᠦᠯᠦᠯ ᠱᠠᠩᠨᠠᠯ ᠢ᠋ᠶ᠋ᠠᠷ ᠲᠠᠲᠠᠵᠤ ᠦᠵᠡᠶ᠎ᠡ ᠬᠡᠮᠡᠪᠡᠰᠦ᠂  
       — ᠡᠨᠡ ᠬᠥᠭᠰᠢᠨ ᠴᠢᠨᠣ᠎ᠠ ᠯᠠᠪ ᠵᠠᠯᠢ ᠭᠠᠷᠭᠠᠵᠤ ᠪᠠᠢᠨ᠎ᠠ᠃ ᠲᠡᠷᠡ ᠬᠢᠶᠠᠭᠲᠤ ᠶ᠋ᠢᠨ ᠭᠤᠢᠯᠭᠠᠴᠢᠨ ᠵᠠᠰᠠᠭ ᠤ᠋ᠨ ᠭᠠᠵᠠᠷ ᠤ᠋ᠨ ᠲᠤᠩᠬᠠᠭᠯᠠᠨ ᠵᠠᠷᠯᠠᠭᠰᠠᠨ ᠪᠢᠴᠢᠭ ᠡᠴᠡ ᠵᠢᠷᠦᠬᠡ ᠦᠬᠦᠭᠰᠡᠨ ᠪᠣᠯᠤᠯᠲᠠᠢ᠃ ᠵᠠ᠂ ᠲᠡᠭᠡᠵᠦ ᠯᠡ ᠪᠠᠢᠭ᠃ ᠬᠠᠷᠢᠨ ᠴᠤ᠌ ᠨᠠᠳᠠᠳᠤ (ᠨᠠᠳᠠ ᠳ᠋ᠤ᠌) ᠡᠴᠦᠰ ᠲᠡᠭᠡᠨ ᠠᠰᠢᠭ ᠪᠣᠯᠬᠤ ᠪᠣᠢ᠃ ᠬᠣᠵᠢᠮ ᠬᠦᠷᠢᠶᠡᠨ᠎ᠡ ᠡᠭᠡᠵᠦ᠂ ᠪᠠᠷᠤᠨ ᠵᠠᠩᠵᠤᠨ ᠳ᠋ᠤ᠌ ᠡᠨᠡ ᠵᠥᠨᠥᠭᠯᠡᠵᠦ ᠪᠠᠢᠭ᠎ᠠ ᠡᠪᠦᠭᠡᠨ ᠦ᠌ ᠲᠡᠷᠡ ᠰᠠᠨᠠᠭ᠎ᠠ ᠶ᠋ᠢ ᠲᠠᠢᠯᠪᠤᠷᠢᠯᠠᠨ ᠠᠢᠯᠠᠳᠬᠠᠭᠠᠳ ᠲᠡᠭᠦᠨ ᠢ᠋ ᠨᠠᠰᠤ ᠥᠲᠡᠯᠦᠭᠰᠡᠨ ᠰᠢᠯᠲᠠᠭᠠᠨ ᠢ᠋ᠶ᠋ᠠᠷ ᠵᠠᠰᠠᠭ ᠠ᠋ᠴᠠ ᠪᠠᠢᠯᠭᠠᠵᠤ ᠦᠵᠡᠶ᠎ᠡ᠃ ᠤᠯᠤᠰ ᠤ᠋ᠨ ᠬᠠᠤᠯᠢ ᠶᠣᠰᠣᠭᠠᠷ᠂ ᠡᠭᠦᠨ ᠦ᠌ ᠵᠡᠷᠭᠡ ᠬᠡᠷᠬᠢᠮ(ᠬᠡᠷᠬᠡᠮ) ᠢ᠋ ᠪᠢ ᠵᠠᠯᠭᠠᠮᠵᠢᠯᠠᠪᠠᠯ ᠵᠣᠬᠢᠬᠤ ᠬᠥᠮᠦᠨ ᠶᠦᠮ ᠰᠢᠦ ᠳᠡ ᠭᠡᠵᠦ ᠪᠣᠳᠣᠭᠠᠳ᠂ ᠵᠠᠮᠰᠥ᠋ᠷᠦᠩᠵᠠᠪ ᠲᠠᠢᠵᠢ ᠥᠩᠭᠡᠨ ᠳ᠋ᠡᠭᠡᠨ( ᠳ᠋ᠦ᠍ ᠪᠡᠨ) ᠶᠡᠬᠡᠯ᠎ᠡ(ᠶᠡᠬᠡ ᠯᠡ) ᠬᠢᠴᠢᠶᠡᠩᠭᠦᠢ ᠪᠠᠢᠳᠠᠯ ᠭᠠᠷᠭᠠᠵᠤ᠂ ᠠᠯᠠᠭ᠎ᠠ ᠪᠠᠨ ᠬᠠᠮᠲᠤᠳᠬᠠᠨ ᠥᠭᠦᠯᠡᠷᠦᠨ᠂ 
       — ᠵᠠ᠂ ᠲᠠᠨ ᠤ᠋ ᠰᠤᠷᠭᠠᠨ ᠵᠢᠭᠠᠪᠤᠷᠢᠯᠠᠭᠰᠠᠨ ᠢ᠋ᠶ᠋ᠠᠷ ᠳᠠᠭᠠᠶ᠎ᠠ ᠭᠡᠪᠡᠯ᠂ ᠯᠾᠠ ᠵᠠᠰᠠᠭ ᠲᠣᠯᠣᠭᠠᠢ ᠪᠠᠨ ᠳᠣᠬᠢᠵᠤ᠂ ᠬᠡᠯᠡᠯᠴᠡᠬᠦ ᠵᠦᠢᠯ ᠨᠢᠭᠡᠨᠲᠡ ᠳᠠᠭᠤᠰᠤᠭᠰᠠᠨ ᠢ᠋ ᠮᠡᠳᠡᠭᠳᠡᠭᠰᠡᠨ ᠳ᠋ᠦ᠍᠂ ᠵᠠᠮᠰᠥ᠋ᠷᠦᠩᠵᠠᠪ ᠲᠠᠢᠵᠢ ᠰᠠᠯᠬᠤ ᠶᠣᠰᠣ ᠬᠢᠵᠦ ᠭᠠᠷᠤᠯ᠎ᠠ᠃ 
       ᠭᠡᠷ ᠦ᠋ᠨ ᠭᠠᠳᠠᠨ᠎ᠠ᠂ ᠳᠠᠭᠠᠯᠲᠠ ᠬᠢᠶ᠎ᠡ ᠨᠢ ᠮᠣᠷᠢ ᠶ᠋ᠢ ᠨᠢ ᠠᠪᠴᠢᠷᠠᠵᠤ᠂ ᠲᠡᠨᠳᠡ ᠡᠴᠡ ᠵᠠᠮᠰᠥ᠋ᠷᠦᠩᠵᠠᠪ ᠲᠠᠢᠵᠢ᠂ ᠳᠠᠭᠠᠯᠲᠠ ᠶ᠋ᠢᠨ ᠬᠠᠮᠲᠤ ᠮᠣᠷᠳᠠᠵᠤ ᠨᠡᠯᠢᠶᠡᠳ ᠶᠠᠪᠤᠪᠠᠯ᠂ ᠬᠡᠭᠡᠷ᠎ᠡ ᠨᠢᠭᠡᠨ ᠬᠡᠦᠬᠡᠳ ᠶᠠᠪᠤᠵᠤ ᠶᠠᠪᠤᠭᠰᠠᠨ ᠨᠢ᠂ ᠮᠣᠷᠢ ᠲᠠᠢ ᠬᠥᠮᠦᠨ ᠦ᠌ ᠠᠢᠰᠤᠢ ᠶ᠋ᠢ ᠬᠠᠷᠠᠭᠠᠳ᠂ ᠶᠠᠭᠠᠷᠠᠨ ᠡᠷᠲᠡᠨ ᠦ᠌ ᠬᠢᠷᠭᠢᠰ ᠬᠡᠭᠦᠷ ᠳᠠᠬᠢ ᠬᠥᠮᠦᠨ ᠴᠢᠯᠠᠭᠤᠨ ᠤ᠋ ᠠᠷᠤ ᠳ᠋ᠤ᠌ ᠬᠣᠷᠭᠤᠳᠠᠰᠬᠢᠵᠠᠢ᠃ ᠬᠤᠷᠴᠠ ᠨᠢᠳᠦᠲᠦ ᠬᠢᠶ᠎ᠡ᠂ ᠴᠢᠯᠠᠭᠤᠨ ᠤ᠋ ᠠᠷᠤ ᠳ᠋ᠤ᠌ ᠨᠢᠭᠤᠭᠳᠠᠭᠰᠠᠨ ᠲᠡᠷᠡ ᠬᠡᠦᠬᠡᠳ ᠦ᠋ᠨ ᠯᠠᠮᠠ ᠵᠠᠬ᠎ᠠ ᠲᠠᠢ ᠳᠡᠭᠡᠯ (ᠳᠡᠪᠡᠯ) ᠢ᠋ ᠬᠡᠳᠦᠢᠨᠡᠢ ᠠᠵᠢᠭᠯᠠᠨ ᠬᠠᠷᠠᠭᠠᠳ᠂ 
       — ᠡᠨᠡ ᠯᠠᠪ ᠬᠣᠰᠢᠭᠤ ᠬᠡᠢᠳ ᠦ᠋ᠨ ᠨᠢᠭᠡ ᠪᠠᠨᠳᠢ᠂ ᠪᠠᠭᠰᠢ ᠯᠠᠮᠠ ᠠ᠋ᠴᠠ ᠪᠠᠨ ᠤᠷᠭᠤᠵᠤ ᠶᠠᠪᠤᠭ᠎ᠠ ᠪᠣᠯᠤᠯᠲᠠᠢ ᠭᠡᠪᠡᠯ᠂ 
       — ᠬᠡᠷᠪᠡ ᠲᠡᠢᠮᠦ ᠶᠦᠮ ᠪᠣᠯᠪᠠᠯ᠂ ᠪᠤᠴᠠᠭᠠᠬᠤ ᠶᠤᠮ ᠰᠢᠦ᠃ ᠱᠠᠪᠢ ᠨᠢ ᠪᠠᠭᠰᠢ ᠠ᠋ᠴᠠ ᠪᠠᠨ ᠤᠷᠭᠤᠳᠠᠭ ᠪᠣᠯ᠂ ᠶᠣᠰᠣᠨ ᠳ᠋ᠤ᠌ ᠲᠠᠭᠠᠷᠠᠬᠤ ᠦᠭᠡᠢ ᠬᠡᠷᠡᠭ ᠭᠡᠵᠦ ᠮᠣᠷᠢᠨ ᠤ᠋ ᠵᠢᠯᠣᠭᠣ ᠶ᠋ᠢ ᠲᠡᠷᠡ ᠬᠥᠮᠦᠨ ᠴᠢᠯᠠᠭᠤᠨ ᠤ᠋ ᠵᠦᠭ ᠵᠠᠯᠠᠯ᠎ᠠ᠃ 
       ᠨᠢᠭᠤᠭᠳᠠᠭᠰᠠᠨ ᠬᠡᠦᠬᠡᠳ ᠦ᠋ᠨ ᠳᠡᠷᠭᠡᠳᠡ ᠬᠦᠷᠴᠦ ᠦᠵᠡᠪᠡᠯ᠂ ᠦᠨᠡᠬᠡᠷ ᠨᠢᠭᠡᠨ ᠪᠢᠴᠢᠬᠠᠨ ᠪᠠᠨᠳᠢ᠂ ᠵᠠᠮᠰᠥ᠋ᠷᠦᠩᠵᠠᠪ ᠤ᠋ᠨ ᠪᠠᠭᠤᠭᠰᠠᠨ ᠯᠠᠮᠠ ᠶ᠋ᠢᠨ ᠵᠡᠭᠦᠨ ᠬᠠᠮᠠᠷ ᠬᠠᠰᠢᠶᠠᠨ ᠤ᠋ ᠳᠠᠮᠷᠢᠨ ᠭᠠᠪᠵᠤ ᠶ᠋ᠢᠨ ᠳ᠋ᠦ᠍ ᠪᠠᠢᠳᠠᠭ ᠵᠢᠭᠠᠯ ᠪᠠᠨᠳᠢ ᠠᠵᠢ᠃ ᠬᠠᠨᠵᠠᠷᠬᠠᠢ ( ᠬᠠᠭᠵᠠᠷᠬᠠᠢ) ᠭᠤᠲᠤᠯ ᠲᠠᠢ᠂ ᠲᠦᠮᠡᠨ ᠨᠥᠬᠥᠭᠡᠰᠦ ᠪᠣᠯᠤᠭᠰᠠᠨ ᠬᠠᠭᠤᠴᠢᠨ ᠮᠠᠭᠤ ᠳᠡᠭᠡᠯ(ᠳᠡᠪᠡᠯ) ᠲᠡᠢ ᠲᠡᠷᠡ ᠵᠢᠭᠠᠯ ᠪᠠᠨᠳᠢ᠂ ᠲᠡᠷᠡ ᠬᠣᠶᠠᠷ ᠮᠣᠷᠢ ᠲᠠᠢ ᠬᠥᠮᠦᠨ ᠦ᠌ ᠥᠭᠡᠳᠡ ᠡᠴᠡ ᠠᠶᠤᠵᠤ ᠰᠠᠨᠳᠤᠷᠤᠭᠰᠠᠨ ᠲᠣᠮᠣ ᠨᠢᠳᠦ ᠪᠡᠨ ᠪᠦᠯᠲᠡᠢᠨ᠂ ᠡᠴᠡᠩᠭᠢᠷ ᠴᠢᠷᠠᠢ ᠶ᠋ᠢ ᠦᠵᠡᠪᠡᠯ᠂ ᠤᠬᠢᠯᠠᠭᠰᠠᠨ ᠪᠣᠯᠤᠯᠲᠠᠢ ᠬᠠᠯᠲᠠᠷ ᠨᠢᠭᠤᠷ ᠠᠵᠢ᠃ 
       — ᠴᠢ ᠬᠠᠮᠢᠭᠠᠰᠢ ᠪᠠᠨ ᠣᠴᠢᠵᠤ ᠶᠠᠪᠤᠭ᠎ᠠ ᠴᠢᠨᠢ ᠡᠨᠡ ᠪᠢᠯᠡ? ᠭᠡᠵᠦ ᠵᠠᠮᠰᠥ᠋ᠷᠦᠩᠵᠠᠪ ᠪᠠᠢᠰᠠ ᠶ᠋ᠢᠨ ᠭᠤᠩᠰᠢᠭᠢᠨᠠᠨ ᠠᠰᠠᠭᠤᠬᠤ ᠳ᠋ᠤᠨᠢ᠂(ᠳ᠋ᠤ᠌ ᠨᠢ)
       — ᠭᠡᠷ ᠲᠡᠭᠡᠨ ᠬᠠᠷᠢᠵᠤ ᠶᠠᠪᠤᠨ᠎ᠠ ᠭᠡᠪᠡ᠃  
       — ᠴᠢᠮᠠᠶ᠋ᠢ (ᠴᠢᠮ᠎ᠠ ᠶ᠋ᠢ)  ᠬᠡᠨ ᠬᠠᠷᠢ ᠭᠡᠰᠡᠨ ᠶᠦᠮ ᠪᠣᠢ? ᠭᠡᠪᠡᠯ᠂ ᠲᠡᠷᠡ ᠵᠢᠭᠠᠯ ᠣᠭᠲᠣ ᠳᠠᠭᠤ ᠭᠠᠷᠤᠭᠰᠠᠨ ᠦᠭᠡᠢ᠂ ᠳᠡᠮᠡᠢ ᠭᠥᠯᠢᠷᠡᠨ ᠵᠣᠭᠰᠣᠯ᠎ᠠ᠃ 
       — ᠠ᠂ ᠴᠢ ᠣᠷᠭᠣᠭᠰᠨ ᠪᠣᠯᠬᠤ ᠨᠢ ᠠ᠋? ᠠᠯᠢ᠂ ᠨᠠᠭᠠᠳᠤᠬᠢ ᠪᠠᠨ ᠰᠤᠨᠳᠠᠯᠠᠭᠤᠯᠤᠭᠠᠳ ᠶᠠᠪᠤ ᠭᠡᠬᠦ ᠳ᠋ᠦ᠍ᠨᠢ(ᠳ᠋ᠦ᠍ ᠨᠢ)  
       — ᠪᠢ ᠬᠡᠢᠳ ᠣᠷᠣᠬᠤ ᠦᠭᠡᠢ᠂ ᠪᠠᠭᠰᠢ ᠨᠠᠮᠠᠶ᠋ᠢ(ᠨᠠᠮ᠎ᠠ ᠶ᠋ᠢ) ᠵᠣᠳᠣᠭᠠᠳ ᠠᠯᠠᠨ᠎ᠠ ᠭᠡᠰᠡᠨ ᠭᠡᠵᠦ ᠲᠡᠷᠡ ᠵᠢᠭᠠᠯ ᠬᠦᠦ ᠶ᠋ᠢᠨ ᠭᠤᠨᠢᠭᠲᠤ ᠲᠣᠮᠣ ᠨᠢᠳᠦᠨ ᠳ᠋ᠡᠭᠡᠨ(ᠳ᠋ᠦ᠍ ᠪᠡᠨ) ᠨᠢᠯᠪᠤᠰᠤ ᠮᠡᠯᠲᠡᠭᠡᠨᠡᠭᠦᠯᠦᠨ ᠰᠢᠪᠡᠨᠡᠬᠦ ᠳ᠋ᠦ᠍᠂  
       — ᠶᠠᠭᠠᠬᠢᠨ᠎ᠠ ᠭᠡᠨ᠎ᠡ ᠠ᠋? ᠳᠤᠭᠤᠢ! ᠭᠡᠳ ᠬᠢᠶ᠎ᠡ ᠶ᠋ᠢ ᠨᠠᠭᠠᠳᠤᠬᠢ ᠪᠠᠨ ᠰᠤᠨᠳᠠᠯᠠᠭᠤᠯ ᠭᠡᠵᠦ ᠲᠤᠰᠢᠶᠠᠪᠠ᠃ 
       ᠬᠡᠢᠳ ᠲᠦ᠍ ᠬᠢᠶ᠎ᠡ ᠨᠢ ᠲᠡᠷᠡ ᠭᠠᠪᠵᠤ ᠯᠠᠮᠠ ᠶ᠋ᠢᠨ ᠬᠠᠭᠠᠯᠭ᠎ᠠ ᠲᠣᠭᠰᠢᠵᠤ᠂ ᠥᠭᠡᠬᠦᠯᠡᠵᠦ ᠳᠠᠪᠬᠤᠷ ᠪᠣᠯᠤᠭᠰᠠᠨ ᠡᠷᠡᠦ ᠲᠡᠢ᠂ ᠭᠢᠯᠠᠯᠵᠠᠭᠰᠠᠨ ᠲᠥᠭᠥᠷᠢᠭ ᠤᠯᠠᠭᠠᠨ ᠨᠢᠭᠤᠷ ᠲᠠᠢ᠂ ᠳᠠᠮᠷᠢᠨ ᠭᠠᠪᠵᠤ ᠬᠠᠭᠠᠯᠭ᠎ᠠ ᠨᠡᠭᠡᠭᠡᠵᠦ ᠪᠤᠯᠲᠠᠢᠨ ᠦᠵᠡᠭᠳᠡᠭᠡᠳ᠂ ᠵᠠᠮᠰᠥ᠋ᠷᠦᠩᠵᠠᠪ ᠪᠡᠢᠰᠡ ᠶ᠋ᠢ ᠦᠵᠡᠮᠡᠭᠴᠡ ᠶᠠᠭᠠᠷᠠᠨ ᠶᠣᠰᠣᠯᠠᠪᠠᠰᠤ᠂ 
       — ᠲᠠᠨᠠᠢ(ᠲᠠᠨ ᠤ᠋) ᠡᠨᠡ ᠵᠢᠭᠠᠯ ᠪᠠᠨᠳᠢ᠂ ᠪᠢᠳᠡᠨ ᠦ᠌ ᠵᠠᠮ ᠳ᠋ᠤ᠌ ᠳᠠᠭᠠᠷᠢᠯᠳᠤᠵᠠᠢ᠃ ᠪᠣᠳᠣᠪᠠᠯ᠂ ᠪᠣᠰᠴᠤ ᠤᠷᠭᠤᠭᠰᠠᠨ ᠪᠣᠯᠤᠯᠲᠠᠢ᠃ ᠲᠠ ᠡᠭᠦᠨ ᠢ᠋ ᠪᠡᠨ ᠬᠤᠷᠢᠶᠠᠵᠤ ᠠᠪ ᠭᠡᠪᠡᠯ᠂ 
       — ᠵᠠ᠂ ᠲᠡᠢᠮᠦ ᠠ᠋᠃ ᠡᠨᠡ ᠮᠠᠭᠤ ᠪᠣᠰᠴᠤ ᠣᠷᠭᠣᠭᠠᠳ᠂ ᠪᠢ ᠥᠷᠯᠥᠭᠡ ᠡᠴᠡ ᠭᠠᠷ ᠮᠤᠬᠤᠷ ᠪᠣᠯᠵᠤ᠂ ᠭᠠᠢᠬᠠᠰᠢ ᠪᠠᠨ ᠪᠠᠷᠠᠵᠤ ᠪᠠᠢᠭᠰᠠᠨ ᠪᠢᠯᠡ᠃ ᠮᠠᠭᠤ ᠠ᠋ᠴᠠ ᠮᠠᠭᠤ᠂ ᠮᠣᠳᠣᠨ ᠠ᠋ᠴᠠ ᠬᠦ ᠭᠡᠵᠦ᠂ ᠡᠨᠡ ᠮᠠᠭᠤ᠂ ᠲᠠᠨ ᠳ᠋ᠤ᠌ ᠪᠠᠰᠠ ᠡᠳᠦᠢ ᠲᠡᠳᠦᠢ ᠲᠦᠪᠡᠭ ᠲᠠᠲᠠᠪᠠ ᠠ᠋ ᠳᠠ᠃ ᠲᠠ ᠠᠭᠤᠴᠢᠯᠠᠵᠤ ᠬᠠᠢᠷᠠᠯᠠᠭᠠᠷᠠᠢ᠃ ᠡᠨᠡ ᠮᠠᠭᠤ᠂ ᠬᠥᠮᠦᠨ ᠦ᠌ ᠦᠭᠡ ᠲᠤᠭᠤᠯᠬᠤ ᠪᠠᠨ ᠪᠠᠢᠵᠤ᠂ ᠡᠨᠡ ᠵᠢᠯ ᠭᠡᠷ ᠤᠷᠤᠭᠤ ᠪᠠᠨ ᠭᠤᠷᠪᠠ ᠳᠠᠬᠢᠨ ᠪᠣᠰᠴᠤ ᠪᠠᠢᠭ᠎ᠠ ᠶᠤᠮ ᠰᠢᠦ᠃ ᠪᠡᠢᠰᠡ ᠨᠣᠶᠠᠨᠲᠠᠨ ᠳ᠋ᠤ᠌ ᠵᠠᠮ ᠤ᠋ᠨ ᠰᠠᠭᠠᠳ ᠲᠦᠪᠡᠭ ᠪᠣᠯᠤᠭᠰᠠᠨ ᠢ᠋ ᠬᠦᠯᠢᠴᠡᠯ ᠥᠴᠢᠶ᠎ᠡ ᠭᠡᠵᠦ ᠳᠠᠬᠢᠨ ᠳᠠᠬᠢᠨ ᠶᠣᠰᠣᠯᠠᠵᠤ᠂ ᠶᠡᠬᠡᠯ᠎ᠡ(ᠶᠡᠬᠡ ᠯᠡ) ᠨᠠᠢᠷ ᠲᠠᠢ ᠬᠢᠴᠢᠶᠡᠩᠭᠦᠢᠯᠡᠨ ᠢᠨᠢᠶᠡᠮᠰᠦᠭᠯᠡᠭᠰᠡᠨ ᠴᠢᠷᠠᠢ ᠭᠠᠷᠭᠠᠭᠰᠠᠨ ᠢ᠋ᠶ᠋ᠠᠨ᠂ ᠥᠨᠥᠬᠢ ᠵᠢᠭᠠᠯ ᠪᠠᠨᠳᠢ ᠶ᠋ᠢᠨ ᠵᠦᠭ ᠬᠠᠷᠠᠮᠠᠭᠴᠠ᠂ ᠭᠠᠪᠵᠤ ᠯᠠᠮᠠ ᠶ᠋ᠢᠨ ᠲᠥᠭᠥᠷᠢᠭ ᠴᠢᠷᠠᠢ ᠭᠱᠠᠨ ᠵᠠᠭᠤᠷ᠎ᠠ ᠮᠠᠰᠢ ᠬᠦᠢᠲᠡᠨ ᠬᠠᠷᠭᠢᠰ ᠪᠣᠯᠵᠤ᠂ ᠨᠢᠳᠦ ᠪᠡᠨ ᠮᠠᠭᠤᠬᠠᠢ ᠪᠠᠷ ᠬᠠᠷᠠᠵᠤ᠂ 
       — ᠵᠠ᠂ ᠣᠷᠣ! ᠭᠡᠵᠦ ᠵᠢᠪᠡᠭᠦᠦ ᠬᠦᠷᠦᠭᠰᠡᠨ ᠠᠶ᠎ᠠ ᠦᠭᠡᠢ ᠳᠠᠭᠤᠨ ᠢ᠋ᠶ᠋ᠠᠷ ᠲᠤᠰᠢᠶᠠᠬᠤ ᠳ᠋ᠤᠨᠢ(ᠳ᠋ᠤ᠌ ᠨᠢ) ᠂ ᠲᠡᠷᠡ ᠵᠢᠭᠠᠯ ᠪᠠᠨᠳᠢ ᠶ᠋ᠢᠨ ᠵᠢᠰᠦ ᠦᠨᠡᠰᠦ ᠠᠳᠠᠯᠢ ᠬᠥᠬᠡᠷᠡᠨ ᠬᠤᠪᠢᠯᠵᠤ᠂ ᠡᠮᠢᠶᠡᠨ ᠳᠠᠭᠵᠢᠨ ᠣᠷᠣᠯ᠎ᠠ᠃  
       ᠭᠡᠷ ᠲᠡᠭᠡᠨ ( ᠲᠤ ᠪᠡᠨ)ᠣᠷᠣᠭᠠᠳ᠂ ᠭᠠᠪᠵᠤ ᠯᠠᠮᠠ᠂ ᠬᠠᠨ᠎ᠠ ᠶ᠋ᠢᠨ ᠲᠣᠯᠣᠭᠠᠢ ᠠ᠋ᠴᠠ ᠨᠢᠭᠡ ᠰᠤᠷ ᠠᠪᠴᠤ᠂ ᠲᠡᠷᠡ ᠵᠢᠭᠠᠯ ᠪᠠᠨᠳᠢ ᠶ᠋ᠢ ᠳᠡᠪᠡᠯ ᠬᠤᠪᠴᠠᠰᠤ ᠪᠠᠨ ᠲᠠᠢᠯ ᠭᠡᠵᠦ ᠲᠤᠰᠢᠶᠠᠪᠠ᠃ ᠵᠢᠭᠠᠯ ᠬᠦᠦ ᠴᠡᠴᠡᠷᠡᠨ ᠳᠠᠭᠵᠢᠨ᠂ ᠬᠠᠯᠴᠠᠷᠬᠠᠢ ᠬᠠᠭᠤᠴᠢᠨ ᠳᠡᠪᠡᠯ ᠢ᠋ᠶ᠋ᠡᠨ ᠲᠠᠢᠯᠤᠭᠠᠳ᠂ ᠭᠬᠢᠷ ᠲᠡᠢ ᠳᠠᠩ ᠴᠠᠮᠴᠠ᠂ ᠬᠥᠬᠡ ᠳᠠᠯᠢᠩ ᠪᠠᠩᠵᠠᠯ᠂ ᠤᠷᠠᠩᠬᠠᠢ ᠬᠥᠳᠥᠰᠥᠨ ᠥᠮᠥᠳᠥ ᠲᠡᠢ ᠦᠯᠡᠳᠡᠵᠡᠢ᠃ 
       — ᠥᠮᠥᠳᠥ ᠴᠠᠮᠴᠠ ᠪᠠᠨ ᠲᠠᠢᠯ᠃ ᠴᠢ ᠴᠡᠴᠡᠷᠡᠵᠦ ᠪᠠᠢᠨᠠᠤ(ᠪᠠᠢᠨ᠎ᠠ ᠤᠤ)? ᠣᠳᠣ ᠴᠢᠮᠠᠶ᠋ᠢ(ᠴᠢᠮ᠎ᠠ ᠶ᠋ᠢ) ᠬᠠᠯᠠᠭᠤ ᠣᠷᠭᠢᠭᠤᠯᠤᠨ᠎ᠠ ᠳᠠ᠃ ᠡᠭᠦᠨ ᠡᠴᠡ ᠬᠣᠢᠰᠢ ᠤᠷᠭᠤᠬᠤ ᠪᠣᠰᠬᠤ ᠶ᠋ᠢ ᠴᠢᠨᠢ ᠭᠠᠭᠴᠠᠮᠦᠰᠦᠨ ᠵᠣᠭᠰᠣᠭᠠᠨ᠎ᠠ ᠭᠡᠵᠦ ᠵᠠᠨᠤᠨ ᠬᠡᠯᠡᠬᠦ  ᠳ᠋ᠦ᠍ᠨᠢ( ᠳ᠋ᠦ᠍ ᠨᠢ)᠂ ᠲᠡᠷᠡ ᠬᠡᠦᠬᠡᠳ ᠴᠡᠴᠡᠷᠡᠨ ᠵᠣᠭᠰᠣᠯ᠎ᠠ᠃ ᠡᠴᠡᠩᠭᠢᠷ ᠬᠦᠷᠡᠩ ᠪᠡᠶ᠎ᠡ ᠳ᠋ᠦ᠍ᠨᠢ ( ᠳ᠋ᠦ᠍ ᠨᠢ) ᠵᠣᠳᠣᠭᠤᠯᠵᠤ ᠨᠦᠳᠦᠭᠦᠯᠦᠭᠰᠡᠨ ᠦ᠌ ᠣᠷᠣ ᠬᠥᠬᠡ ᠨᠢᠴᠠ ᠦᠵᠡᠭᠳᠡᠨ᠂ ᠲᠣᠯᠣᠭᠠᠢ  ᠳ᠋ᠤᠨᠢ ( ᠳ᠋ᠤ᠌ ᠨᠢ) ᠡᠨᠳᠡ ᠲᠡᠨᠳᠡ ᠪᠤᠯᠳᠤᠷᠤᠤᠲᠤᠭᠰᠠᠨ ᠢ᠋ ᠦᠵᠡᠪᠡᠯ᠂ ᠤᠷᠭᠤᠵᠤ ᠪᠣᠰᠬᠤ ᠶ᠋ᠢᠨ ᠡᠮᠦᠨ᠎ᠡ ᠴᠦ᠍  ᠶᠡᠬᠡᠯ᠎ᠡ (ᠶᠡᠬᠡ ᠯᠡ) ᠵᠣᠳᠣᠭᠤᠯᠤᠭᠰᠠᠨ ᠪᠠᠢᠳᠠᠯ ᠢᠯᠡᠷᠬᠡᠢ᠃ ᠳᠠᠬᠢᠨ ᠦᠢᠯᠡ ᠲᠠᠮᠤ ᠪᠠᠨ ᠦᠵᠡᠵᠦ ᠵᠣᠳᠣᠭᠤᠯᠬᠤ ᠶ᠋ᠢ ᠴᠡᠴᠡᠷᠡᠨ ᠳᠠᠭᠵᠢᠨ ᠬᠦᠯᠢᠶᠡᠵᠦ ᠵᠣᠭᠰᠣᠲᠠᠯ᠎ᠠ᠂ ᠯᠠᠮᠠ ᠲᠡᠷᠡ ᠵᠢᠭᠠᠯ ᠢ᠋ ᠭᠠᠷ ᠠ᠋ᠴᠠ ᠨᠢ ᠰᠢᠭᠦᠷᠡᠵᠦ᠂ ᠨᠢᠭᠡ ᠳᠡᠭᠡᠰᠦ ᠠᠪᠤᠭᠠᠳ᠂ 
       — ᠵᠠ᠂ ᠶᠠᠪᠤ! ᠭᠡᠵᠦ ᠴᠢᠷᠴᠦ ᠭᠠᠳᠠᠭ᠎ᠠ ᠭᠠᠷᠭᠠᠭᠠᠳ᠂ ᠬᠠᠰᠢᠶᠠᠨ ᠳᠣᠲᠣᠷᠠᠬᠢ ᠮᠣᠷᠢᠨ ᠤ᠋ ᠤᠶᠠᠭᠠᠨ ᠤ᠋ ᠬᠥᠨᠳᠡᠯᠡᠨ ᠮᠣᠳᠣ ᠠ᠋ᠴᠠ᠂ ᠲᠡᠷᠡ ᠵᠢᠭᠠᠯ ᠪᠠᠨᠳᠢ ᠶ᠋ᠢᠨ ᠡᠴᠡᠩᠭᠢᠷ ᠭᠠᠷ ᠢ᠋ ᠳᠡᠭᠡᠰᠦ ᠪᠡᠷ ᠲᠠᠲᠠᠵᠤ ᠬᠦᠯᠢᠭᠡᠳ᠂ ᠪᠦᠳᠦᠭᠦᠨ ᠰᠤᠷ ᠢ᠋ᠶ᠋ᠠᠷ ᠵᠣᠳᠣᠵᠤ ᠭᠠᠷᠤᠯ᠎ᠠ᠃ 
       — ᠤᠷᠭᠤᠬᠤ ᠤᠤ ᠳᠠᠬᠢᠭᠠᠳ᠂ ᠴᠢ ᠮᠠᠭᠤ? ᠤᠷᠭᠤᠬᠤ ᠤᠤ? ᠭᠡᠵᠦ ᠲᠡᠷᠡ ᠵᠢᠭᠠᠯ ᠤ᠋ᠨ ᠮᠤᠷᠤᠯᠵᠠᠨ ᠮᠤᠰᠬᠢᠷᠠᠬᠤ ᠡᠴᠡᠩᠭᠢᠷ ᠪᠡᠶ᠎ᠡ ᠶ᠋ᠢ ᠰᠤᠷ ᠢ᠋ᠶ᠋ᠠᠷ ᠬᠠᠢᠷ᠎ᠠ ᠨᠠᠢᠷ ᠦᠭᠡᠢ ᠣᠷᠢᠶᠠᠯᠭᠠᠵᠤ᠂ ᠪᠦᠳᠦᠭᠦᠨ ᠲᠣᠮᠣ ᠯᠠᠮᠠ᠂ ᠲᠡᠷᠡ ᠲᠤᠷᠠᠩᠬᠠᠢ ᠵᠢᠭᠠᠯ ᠬᠡᠦᠬᠡᠳ ᠢ᠋ ᠪᠠᠬᠠᠷᠬᠠᠨ ᠵᠣᠳᠣᠵᠤ ᠪᠠᠢᠭ᠎ᠠ ᠶ᠋ᠢ ᠬᠥᠮᠦᠨ ᠬᠠᠷᠠᠪᠠᠯ᠂ ᠨᠢᠳᠦ ᠬᠠᠯᠲᠤᠷᠢᠮᠠᠷ ᠪᠠᠢᠵᠠᠢ᠃ ᠵᠢᠭᠠᠯ ᠬᠦᠦ᠂ ᠡᠪᠡᠳᠬᠦ ᠶ᠋ᠢᠨ ᠶᠡᠬᠡ ᠳ᠋ᠦ᠍ ᠬᠥᠮᠥᠭᠡᠢ ᠪᠡᠨ ᠲᠠᠰᠤ ᠵᠠᠭᠤᠭᠠᠳ᠂ ᠬᠦᠯᠢᠶᠡᠰᠦᠲᠡᠢ ᠲᠤᠷᠠᠩᠬᠠᠢ ᠭᠠᠷ ᠢ᠋ᠶ᠋ᠠᠷ ᠢ᠋ᠶ᠋ᠠᠨ ᠳᠡᠭᠦᠵᠢᠩᠨᠡᠨ ᠲᠠᠷᠴᠢᠯᠠᠵᠤ᠂ ᠦᠰᠦᠷᠦᠨ ᠳᠡᠪᠬᠡᠴᠡᠪᠡ᠃ ᠨᠢᠷᠤᠭᠤ ᠭᠠᠷ ᠬᠥᠯ ᠳ᠋ᠦ᠍ᠨᠢ(ᠳ᠋ᠦ᠍ ᠨᠢ) ᠰᠤᠷ ᠤ᠋ᠨ ᠣᠷᠣ᠂ ᠬᠦᠷᠡᠩ ᠤᠯᠠᠭᠠᠨ ᠮᠣᠭᠠᠢ ᠣᠷᠢᠶᠠᠭᠰᠠᠨ ᠶᠤᠮ ᠰᠢᠭ᠋ ᠵᠤᠷᠠᠢᠨ ᠬᠥᠭᠡᠪᠡᠴᠦ᠂ ᠶᠣᠣᠯᠠᠪᠠᠯ ᠤᠯᠠᠮ ᠪᠡᠷᠬᠡ ᠰᠢᠷᠦᠭᠦᠨ ᠢ᠋ᠶ᠋ᠡᠷ ᠵᠣᠳᠣᠭᠤᠯᠤᠨ᠎ᠠ ᠭᠡᠵᠦ ᠲᠡᠷᠡ ᠬᠥᠭᠡᠷᠦᠬᠦᠢ ᠵᠢᠭᠠᠯ ᠰᠢᠳᠦ ᠬᠥᠮᠥᠭᠡᠢ ᠪᠡᠨ ᠲᠠᠰᠤ ᠵᠠᠭᠤᠵᠤ ᠬᠠᠲᠠᠭᠤᠵᠢᠨ ᠲᠡᠰᠪᠦᠷᠢᠯᠡᠪᠡ᠃ 
       ᠲᠡᠭᠡᠲᠡᠯ᠎ᠡ ᠯᠠᠮᠠ ᠶ᠋ᠢᠨ ᠵᠣᠳᠣᠬᠤ ᠨᠢ ᠤᠯᠠᠮ ᠨᠡᠮᠡᠭᠳᠡᠵᠦ᠂ ᠡᠪᠡᠳᠬᠦ ᠨᠢ ᠲᠡᠰᠬᠦᠶ᠎ᠡ ᠪᠡᠷᠬᠡ ᠪᠣᠯᠬᠤ ᠳ᠋ᠤ᠌᠂ ᠠᠷᠭ᠎ᠠ ᠪᠤᠶᠤ ᠴᠢᠰᠤ ᠭᠠᠷᠲᠠᠯ᠎ᠠ ᠵᠠᠭᠤᠭᠰᠠᠨ ᠤᠷᠤᠭᠤᠯ ᠬᠥᠮᠥᠭᠡᠢ ᠪᠡᠨ ᠵᠠᠭᠤᠭᠰᠠᠨ ᠬᠡᠪ ᠢ᠋ᠶ᠋ᠡᠷ ᠠᠶᠠᠷᠬᠠᠨ ᠶᠣᠢᠯᠠᠲᠠᠯ᠎ᠠ ᠬᠤᠷᠠᠯ ᠤ᠋ᠨ ᠪᠦᠷᠢᠶ᠎ᠡ ᠳᠤᠤᠭᠠᠷᠴᠤ᠂ ᠭᠠᠪᠵᠤ ᠯᠠᠮᠠ᠂ ᠲᠡᠷᠡ ᠵᠢᠭᠠᠯ ᠢ᠋ ᠵᠣᠳᠣᠨ ᠲᠠᠮᠤᠯᠠᠬᠤ ᠪᠠᠨ ᠲᠦᠷ ᠵᠠᠪᠰᠠᠷᠯᠠᠵᠤ᠂ ᠠᠮᠢᠰᠬᠤᠯ ᠳᠠᠪᠬᠤᠴᠠᠨ᠂ ᠬᠥᠯᠥᠰᠥ ᠨᠢ ᠴᠢᠬᠠᠷᠠᠨ ᠭᠠᠷᠤᠭᠰᠠᠨ ᠢ᠋ᠶ᠋ᠠᠨ ᠠᠷᠴᠢᠭᠠᠳ᠂ ᠲᠡᠷᠡ ᠵᠢᠭᠠᠯ ᠤ᠋ᠨ ᠭᠠᠷ ᠤ᠋ᠨ ᠬᠦᠯᠢᠶᠡᠰᠦ ᠶ᠋ᠢ ᠲᠠᠢᠯᠵᠤ᠂ ᠤᠶᠠᠭᠠᠨ ᠤ᠋ ᠮᠣᠳᠣ ᠠ᠋ᠴᠠ ᠰᠠᠯᠭᠠᠭᠠᠳ᠂ ᠠᠮᠠᠨ ᠳᠣᠲᠣᠷ᠎ᠠ ᠪᠠᠨ ᠬᠦᠩᠭᠢᠨᠡᠨ᠂ 
       — ᠴᠢᠨᠦ ᠠᠵᠠ ᠲᠠᠭᠠᠷᠠᠵᠤ᠂ ᠬᠤᠷᠠᠯ ᠤ᠋ᠨ ᠪᠦᠷᠢᠶ᠎ᠡ ᠲᠠᠲᠠᠯ᠎ᠠ᠃ ᠪᠣᠰᠴᠤ ᠤᠷᠭᠤᠳᠠᠭ ᠬᠥᠯ ᠢ᠋ ᠴᠢᠨᠢ ᠬᠥᠳᠡᠯᠵᠦ ᠴᠢᠳᠠᠬᠤ ᠦᠭᠡᠢ ᠪᠣᠯᠲᠠᠯ᠎ᠠ ᠵᠣᠳᠣᠬᠤ ᠭᠡᠰᠡᠨ ᠶᠤᠮᠰᠠᠨ᠃ ᠣᠷᠣᠢ ᠬᠤᠷᠠᠯ ᠠ᠋ᠴᠠ ᠬᠦᠷᠴᠦ ᠢᠷᠡᠭᠡᠳ᠂ ᠰᠠᠢᠨ ᠡᠯᠳᠡᠨ᠎ᠡ ᠳᠡ᠃ ᠵᠠ᠂ ᠭᠡᠷ ᠲᠡᠭᠡᠨ ᠣᠷᠣ᠃ ᠨᠠᠮᠠᠶ᠋ᠢ ᠬᠤᠷᠠᠯ ᠠ᠋ᠴᠠ ᠢᠷᠡᠬᠦ ᠳ᠋ᠦ᠍ ᠴᠠᠢ ᠴᠢᠨᠠᠭᠠᠳ᠂ ᠭᠡᠷ ᠢ᠋ᠶ᠋ᠡᠨ ᠲᠠᠲᠠᠯᠠᠭᠠᠳ ᠪᠠᠢᠭᠠᠷᠠᠢ ᠭᠡᠳ᠂ ᠬᠤᠷᠠᠯ ᠳ᠋ᠤ᠌ ᠬᠤᠷᠠᠬᠤ ᠪᠠᠷ ᠶᠠᠪᠤᠵᠠᠢ᠃ 
       ᠣᠷᠣᠢ ᠳᠠᠮᠷᠢᠨ ᠭᠠᠪᠵᠤ ᠶ᠋ᠢ ᠬᠤᠷᠠᠯ ᠠ᠋ᠴᠠ ᠢᠷᠡᠬᠦ ᠳ᠋ᠦ᠍ᠨᠢ᠂ ᠴᠠᠢ ᠴᠢᠨᠠᠭᠠᠰᠤᠲᠠᠢ᠂ ᠭᠡᠷ ᠦ᠋ᠨ ᠳᠣᠲᠣᠷᠠᠬᠢ ᠴᠡᠪᠡᠷᠬᠡᠨ ᠲᠠᠲᠠᠯᠠᠭᠠᠰᠤᠲᠠᠢ᠂ ᠭᠠᠭᠴᠠ ᠬᠦ᠌ ᠵᠢᠭᠠᠯ ᠪᠠᠨᠳᠢ ᠠᠯᠠᠭ᠎ᠠ᠃ ᠴᠠᠢ ᠶ᠋ᠢ ᠦᠵᠡᠪᠡᠯ᠂ ᠬᠡᠳᠦᠢᠨᠡᠢ ᠴᠢᠨᠠᠭᠠᠳ ᠬᠣᠪᠣᠩ ᠳᠡᠭᠡᠷ᠎ᠡ ᠲᠠᠯᠪᠢᠭᠰᠠᠨ ᠪᠣᠯᠪᠠᠴᠤ᠂ ᠵᠥᠭᠡᠭ ᠪᠣᠯᠤᠭᠰᠠᠨ ᠢ᠋ ᠦᠵᠡᠬᠦ ᠳ᠋ᠦ᠍ ᠨᠡᠯᠢᠶᠡᠳ ᠤᠳᠠᠵᠠᠢ᠃ 
       — ᠡᠨᠡ ᠮᠠᠭᠤ ᠵᠢᠭᠠᠯ᠂ ᠳᠠᠬᠢᠵᠤ ᠤᠷᠭᠤᠵᠤ ᠪᠣᠰᠪᠠᠤ᠂ ᠶᠠᠭᠠᠬᠢᠪᠠ? ᠭᠡᠵᠦ ᠪᠣᠳᠣᠭᠠᠳ ᠴᠣᠢᠮᠪᠠᠯ᠂ ᠴᠣᠢᠮᠪᠠᠯ! ᠭᠡᠵᠦ ᠬᠡᠳᠦ ᠳᠠᠭᠤᠳᠠᠪᠠᠯ᠂ ᠣᠭᠲᠣ ᠳᠠᠭᠤᠨ ᠴᠢᠮᠡᠭᠡ ᠦᠭᠡᠢ ᠲᠤᠯᠠ ᠠᠮᠠᠨ ᠳᠣᠲᠣᠷ᠎ᠠ ᠪᠠᠨ ᠳᠡᠮᠡᠢ ᠯᠡ ᠬᠠᠷᠢᠶᠠᠨ ᠵᠥᠭᠡᠵᠦ᠂ ᠳᠠᠬᠢᠨ ᠠᠪᠴᠢᠷᠠᠭᠤᠯᠤᠭᠠᠳ ᠳᠠᠪᠬᠤᠷ ᠶᠡᠬᠡ ᠪᠡᠷ ᠵᠣᠳᠣᠨ᠎ᠠ ᠭᠡᠵᠦ ᠭᠠᠯ ᠢ᠋ᠶ᠋ᠠᠨ ᠲᠦᠯᠡᠵᠦ᠂ ᠴᠠᠢ ᠪᠠᠨ ᠬᠠᠯᠠᠭᠠᠪᠠ᠃   
              *                  *                  *  
       ᠬᠣᠰᠢᠭᠤ ᠬᠡᠢᠳ ᠦ᠋ᠨ ᠬᠢᠲᠠᠳ ᠫᠦᠰᠡ ᠡᠴᠡ ᠤᠤᠭᠤᠬᠤ ᠴᠠᠢ᠂ ᠢᠳᠡᠬᠦ ᠭᠤᠯᠢᠷ ᠠᠷᠠᠯᠵᠢᠨ ᠠᠪᠬᠤ ᠭᠡᠵᠦ ᠬᠡᠳᠦᠨ ᠦᠨᠡᠭᠡᠨ ᠦ᠌ ᠠᠷᠠᠰᠤ ᠠᠪᠴᠤ ᠶᠠᠪᠤᠭᠰᠠᠨ ᠰᠢᠷᠴᠢᠨ ᠵᠠᠮ ᠳ᠋ᠠᠭᠠᠨ᠂ ᠶᠠᠳᠠᠭᠤ ᠪᠡᠯᠪᠡᠰᠦᠨ ᠲᠠᠩᠰᠤᠭ ᠤ᠋ᠨ ᠳ᠋ᠤ᠌ ᠬᠣᠨᠣᠵᠠᠢ᠃  ᠤᠷᠢᠳᠤ ᠰᠤᠨᠤᠮ ᠵᠠᠩᠭᠢ ᠶ᠋ᠢᠨ ᠳ᠋ᠦ᠍ ᠪᠠᠢᠬᠤ ᠶᠢᠨ ᠦᠶ᠎ᠡ ᠡᠴᠡ᠂ ᠲᠠᠩᠰᠤᠭ ᠲᠤ᠌ ᠰᠡᠮᠬᠡᠨ ᠲᠤᠰᠠᠯᠠᠵᠤ ᠪᠠᠢᠭᠰᠠᠨ ᠴᠡᠷᠡᠨ᠂ ᠰᠢᠷᠴᠢᠨ ᠢ᠋ ᠵᠠᠮ ᠳ᠋ᠠᠭᠠᠨ ᠲᠡᠳᠡᠨᠡᠢᠬᠢ(ᠲᠡᠳᠡᠨ ᠦ᠌ ᠬᠢ) ᠪᠡᠷ ᠳᠠᠭᠠᠷᠢᠵᠤ ᠥᠭᠭᠦᠭᠡᠷᠡᠢ ᠭᠡᠵᠦ ᠬᠣᠨᠢᠨ ᠤ᠋ ᠥᠷᠥᠭᠡᠯ ᠮᠢᠬ᠎ᠠ᠂ ᠭᠡᠳᠡᠰᠦᠨ ᠳ᠋ᠦ᠍ ᠴᠢᠳᠬᠤᠭᠰᠠᠨ ᠰᠢᠷ᠎ᠠ ᠲᠣᠰᠣ ᠥᠭᠭᠦᠭᠰᠡᠨ ᠪᠢᠯᠡ᠃ ᠰᠢᠷᠴᠢᠨ ᠢ᠋ ᠲᠡᠷᠡ ᠲᠣᠰᠣ ᠮᠢᠬ᠎ᠠ ᠥᠭᠬᠦ ᠳ᠋ᠦ᠍᠂ ᠲᠠᠩᠰᠤᠭ ᠲᠡᠰᠬᠡᠯ ᠦᠭᠡᠢ ᠪᠠᠶᠠᠷᠯᠠᠵᠤ᠂ ᠰᠢᠷᠴᠢᠨ ᠴᠡᠷᠡᠨ ᠬᠣᠶᠠᠷ ᠢ᠋ ᠢᠷᠦᠭᠡᠯ᠎ᠡ᠃ ᠳᠣᠯᠣᠭᠠᠨ ᠨᠠᠰᠤᠲᠠᠢ ᠣᠯᠵᠠᠪᠠᠢ* ᠬᠦᠦ ᠲᠠᠪᠤᠨ ᠨᠠᠰᠤᠲᠠᠢ ᠵᠠᠯᠮ᠎ᠠ ᠥᠬᠢᠨ ᠬᠣᠶᠠᠷ ᠬᠡᠦᠬᠡᠳ ᠨᠢ᠂ ᠠᠢᠯᠴᠢᠨ ᠤ᠋ ᠡᠪᠦᠷ ᠡᠴᠡ ᠭᠠᠷᠭᠠᠵᠤ ᠥᠭᠭᠦᠭᠰᠡᠨ ᠮᠥᠰᠥᠨ ᠰᠢᠬᠢᠷ ᠢ᠋ ᠬᠣᠶᠠᠷ ᠭᠠᠷ ᠢ᠋ᠶ᠋ᠠᠷ ᠢ᠋ᠶ᠋ᠠᠨ ᠲᠣᠰᠴᠤ ᠠᠪᠤᠭᠠᠳ᠂ ᠭᠠᠯ ᠤ᠋ᠨ ᠳᠡᠷᠭᠡᠳᠡ ᠶᠡᠬᠡᠯ᠎ᠡ(ᠶᠡᠬᠡ ᠯᠡ) ᠵᠢᠷᠭᠠᠭᠰᠠᠨ ᠪᠠᠢᠳᠠᠯ ᠲᠠᠢ ᠮᠠᠭᠠᠰᠠᠢᠨ ᠰᠠᠭᠤᠵᠠᠢ᠃ 
       ᠣᠯᠵᠠᠪᠠᠢ᠂ ᠰᠢᠬᠢᠷ ᠬᠥᠬᠥᠵᠦ ᠪᠠᠢᠭᠠᠳ ᠡᠬᠡ ᠶ᠋ᠢᠨ ᠵᠦᠭ᠂ 
       — ᠡᠵᠢ ᠠ᠋᠂ ᠪᠢᠳᠡ ᠣᠳᠣ ᠮᠢᠬ᠎ᠠ ᠲᠠᠢ ᠪᠣᠯᠤᠯ᠎ᠠ᠃ ᠴᠢ ᠥᠨᠥ ᠭᠤᠯᠢᠷ ᠲᠠᠢ ᠬᠣᠭᠣᠯᠠ ᠬᠢᠬᠦ ᠤᠤ᠂ ᠡᠵᠢ ᠠ᠋? ᠭᠤᠯᠢᠷ ᠪᠣᠢ ᠭᠡᠳᠡᠭ ᠰᠠᠨ ᠰᠢᠦ ᠳᠡ ᠴᠢ ᠭᠡᠵᠦ ᠠᠰᠠᠭᠤᠬᠤ ᠳ᠋ᠤᠨᠢ(ᠳ᠋ᠤ᠌ ᠨᠢ)᠂ ᠳᠡᠭᠦᠦ ᠵᠠᠯᠮ᠎ᠠ ᠨᠢ᠂ 
       — ᠭᠤᠯᠢᠷ ᠲᠠᠢ ᠬᠣᠭᠣᠯᠠ! ᠭᠡᠵᠦ ᠰᠢᠬᠢᠷ ᠬᠦᠯᠬᠦᠵᠦ᠂ ᠠᠬ᠎ᠠ ᠪᠠᠨ ᠳᠠᠭᠤᠷᠢᠶᠠᠨ ᠳᠤᠤᠭᠠᠷᠴᠤ᠂ ᠭᠠᠯ ᠬᠠᠷᠠᠵᠤ ᠰᠠᠭᠤᠪᠠ᠃ ᠲᠡᠷᠡ ᠭᠠᠯ ᠤ᠋ᠨ ᠰᠦᠮᠡᠯᠵᠡᠬᠦ ᠭᠡᠷᠡᠯ ᠨᠢ ᠬᠥᠭᠡᠷᠦᠬᠦᠢ ᠲᠡᠷᠡ ᠪᠡᠯᠪᠡᠰᠦᠨ ᠡᠬᠡᠨᠡᠷ ᠦ᠋ᠨ ᠶᠠᠳᠠᠭᠤ ᠭᠡᠷ ᠢ᠋ ᠭᠡᠢᠯᠵᠦ᠂ ᠦᠭᠡᠭᠦᠦ(ᠦᠭᠡᠢᠭᠦᠦ) ᠠᠢᠯ ᠤ᠋ᠨ ᠭᠡᠷ ᠦ᠋ᠨ ᠳᠣᠲᠣᠷᠠᠬᠢ ᠡᠯᠢᠭᠡ ᠡᠮᠲᠡᠷᠡᠮᠡᠷ ᠬᠣᠭᠣᠰᠣᠨ ᠪᠠᠢᠳᠠᠯ᠂ ᠶᠠᠳᠠᠭᠤ ᠬᠣᠭᠰᠢᠯ᠂ ᠵᠡᠭᠦᠨ ᠲᠠᠯ᠎ᠠ ᠳ᠋ᠤ᠌ ᠨᠠᠮᠬᠠᠨ ᠮᠠᠭᠤ ᠮᠣᠳᠣᠨ ᠣᠷᠣᠨ ᠳᠡᠭᠡᠷ᠎ᠡ ᠡᠳᠦᠷ ᠡᠬᠡ ᠨᠢ ᠬᠡᠳᠦᠨ ᠢᠮᠠᠭ᠎ᠠ ᠪᠠᠨ ᠬᠠᠷᠢᠭᠤᠯᠬᠤ ᠪᠠᠷ ᠶᠠᠪᠤᠬᠤ ᠳ᠋ᠤ᠌ ᠬᠡᠦᠬᠡᠳ ᠢ᠋ᠶ᠋ᠡᠨ ᠣᠷᠢᠶᠠᠵᠤ ᠬᠦᠢᠲᠡᠨ ᠡᠴᠡ ᠬᠠᠯᠬᠠᠯᠠᠨ᠂ ᠰᠥᠨᠢ ᠬᠡᠦᠬᠡᠳ ᠢ᠋ᠶ᠋ᠡᠨ ᠬᠤᠴᠢᠳᠠᠭ ᠤᠷᠠᠩᠬᠠᠢ ᠨᠣᠣᠷᠬᠠᠢ ᠳᠡᠪᠡᠯ ᠣᠪᠣᠭᠠᠯᠠᠭᠰᠠᠨ ᠢ᠋ ᠭᠡᠷᠡᠯᠲᠦᠭᠦᠯᠬᠦ ᠳ᠋ᠦ᠍᠂ ᠪᠠᠢᠳᠠᠯ ᠨᠢ ᠦᠨᠡᠬᠡᠷ ᠦᠷᠦ ᠡᠪᠡᠳᠦᠯᠲᠡᠢ ᠲᠤᠢᠯ ᠤ᠋ᠨ ᠶᠠᠳᠠᠭᠤ ᠠᠢᠯ ᠠᠵᠢ᠃  
       ᠬᠡᠦᠬᠡᠳ ᠦ᠋ᠨ ᠶᠡᠬᠡᠯ᠎ᠡ(ᠶᠡᠬᠡ ᠯᠡ) ᠬᠦᠯᠢᠶᠡᠨ ᠬᠦᠰᠡᠭᠰᠡᠨ ᠭᠤᠯᠢᠷ ᠲᠠᠢ ᠬᠣᠭᠣᠯᠠ ᠪᠣᠯᠤᠭᠠᠳ᠂ ᠣᠯᠵᠠᠪᠠᠢ᠂ ᠡᠬᠡ ᠡᠴᠡ ᠪᠡᠨ᠂ 
       — ᠡᠵᠢ᠂ ᠮᠠᠨᠠᠢ ᠴᠣᠢᠮᠪᠠᠯ ᠣᠳᠣ ᠬᠡᠢᠳ ᠲᠦ᠍ ᠭᠤᠯᠢᠷ ᠲᠠᠢ ᠬᠣᠭᠣᠯᠠ ᠢᠳᠡᠵᠦ ᠪᠠᠢᠭ᠎ᠠ ᠪᠣᠯᠪᠠᠤ(ᠪᠣᠯᠪᠠ ᠤᠤ)? ᠭᠡᠵᠦ ᠠᠰᠠᠭᠤᠪᠠᠰᠤ᠂ 
       — ᠢᠳᠡᠵᠦ ᠪᠠᠢᠭ᠎ᠠ᠂ ᠬᠡᠦᠬᠡ ᠭᠡᠵᠦ ᠡᠬᠡ ᠶ᠋ᠢᠨ ᠬᠠᠷᠢᠭᠤᠯᠬᠤ ᠳ᠋ᠤ᠌᠂ 
       — ᠴᠣᠢᠮᠪᠠᠯ ᠲᠣᠮᠣ ᠪᠣᠯᠤᠭᠠᠳ ᠶᠠᠭᠤ ᠪᠣᠯᠬᠤ ᠶᠤᠮ ᠪᠣᠢ᠂ ᠡᠵᠢ ᠠ᠋? ᠭᠡᠬᠦ ᠳ᠋ᠦ᠍ᠨᠢ( ᠳ᠋ᠦ᠍ ᠨᠢ)᠂ 
       — ᠨᠣᠮ ᠲᠠᠢ ᠡᠷᠳᠡᠮ ᠲᠡᠢ ᠬᠥᠮᠦᠨ᠂ ᠯᠠᠮᠠ ᠬᠤᠸᠠᠷᠠᠭ ᠬᠥᠮᠦᠨ ᠪᠣᠯᠤᠨ᠎ᠠ ᠳᠠ ᠭᠡᠵᠦ᠂ 
       — ᠲᠡᠭᠡᠪᠡᠯ᠂ ᠡᠳᠦᠷ ᠪᠦᠷᠢ ᠭᠤᠯᠢᠷ ᠲᠠᠢ ᠬᠣᠭᠣᠯᠠ ᠢᠳᠡᠵᠦ ᠪᠠᠢᠬᠤ ᠤᠤ? ᠭᠡᠵᠡᠢ᠃ 
       — ᠲᠡᠭᠡᠨ᠎ᠡ᠃ ᠵᠠ ᠬᠣᠭᠣᠯᠠ ᠪᠠᠨ ᠢᠳᠡ ᠳᠠ᠂ ᠬᠡᠦᠬᠡ᠃ ᠣᠯᠠᠨ ᠶᠠᠭᠤᠮ᠎ᠠ ᠪᠢᠲᠡᠭᠡᠢ ᠶᠠᠷᠢᠭᠠᠳ ᠪᠠᠢ᠃ ᠠᠢᠯᠴᠢᠨ᠂ ᠴᠢᠮᠠᠶ᠋ᠢ ᠰᠤᠷᠭᠠᠯ ᠮᠠᠭᠤ ᠲᠠᠢ ᠬᠡᠦᠬᠡᠳ ᠪᠠᠢᠨ᠎ᠠ ᠭᠡᠵᠦ ᠪᠣᠳᠣᠭᠠᠳ᠂ ᠴᠣᠢᠮᠪᠠᠯ ᠠᠬ᠎ᠠ ᠳ᠋ᠤ᠌ ᠴᠢᠨᠢ ᠮᠠᠭᠤ ᠬᠡᠯᠡᠵᠦ ᠣᠴᠢᠨ᠎ᠠ ᠭᠡᠪᠡ᠃ 
       ᠬᠣᠢᠲᠤ ᠥᠷᠯᠥᠭᠡ ᠨᠢ ᠲᠠᠩᠰᠤᠭ᠂ ᠰᠢᠷᠴᠢᠨ ᠢ᠋ ᠪᠠᠬᠠᠨ ᠵᠣᠪᠠᠰᠬᠢᠭᠰᠠᠨ ᠪᠠᠢᠳᠠᠯ ᠲᠠᠢ ᠭᠤᠶᠤᠵᠤ᠂ ᠤᠤᠭᠠᠨ ᠬᠦᠦ ᠴᠣᠢᠮᠪᠠᠯ ᠳ᠋ᠤ᠌ ᠮᠢᠨᠢ ᠡᠨᠡ ᠲᠣᠰᠣ ᠪᠠᠨ ᠬᠦᠷᠭᠡᠵᠦ ᠥᠭᠭᠦᠨᠡᠦ(ᠥᠭᠭᠦᠨ᠎ᠡ ᠤᠤ) ᠳᠠ ᠭᠡᠵᠦ᠂  ᠤᠷᠢᠳᠠ (ᠤᠷᠢᠳᠤ) ᠦᠳᠡᠰᠢ ᠠᠪᠴᠢᠷᠠᠭᠰᠠᠨ ᠥᠨᠥᠬᠢ ᠲᠣᠰᠣ ᠶ᠋ᠢ ᠨᠢ ᠥᠭᠴᠦ ᠥᠭᠦᠯᠡᠷᠦᠨ᠄ 
       — ᠮᠢᠨᠦ ᠬᠦᠦ᠂ ᠳᠠᠮᠷᠢᠨ ᠭᠠᠪᠵᠤ ᠶ᠋ᠢᠨ ᠳ᠋ᠦ᠍ ᠪᠠᠢᠳᠠᠭ ᠶᠤᠮ᠃ ᠲᠡᠷᠡ ᠭᠠᠪᠵᠤ ᠶᠡᠬᠡ ᠠᠭᠤᠷ ᠲᠠᠢ᠂ ᠮᠠᠭᠤ ᠵᠠᠩ ᠲᠠᠢ ᠬᠥᠮᠦᠨ ᠭᠡᠳᠡᠭ ᠶᠦᠮ ᠪᠢᠯᠡ᠃ ᠭᠡᠳ ᠶᠠᠭᠠᠬᠢᠬᠤᠪ ᠳᠠ᠂ ᠶᠠᠮᠠᠷ ᠴᠤ᠌ ᠭᠡᠰᠡᠨ ᠲᠡᠨᠳᠡ ᠠᠶᠠᠭ᠎ᠠ ᠬᠣᠭᠣᠯᠠ ᠪᠠᠷ ᠪᠢᠳᠡᠨ ᠰᠢᠭ ᠲᠠᠰᠤᠯᠳᠠᠵᠤ ᠪᠠᠢᠬᠤ ᠦᠭᠡᠢ᠂ ᠪᠠᠰᠠ ᠨᠣᠮ ᠤ᠋ᠨ ᠦᠰᠦᠭ ᠵᠢᠭᠠᠬᠤ ᠪᠠᠭᠰᠢ ᠲᠠᠢ ᠶᠤᠮ ᠭᠡᠵᠦ ᠪᠣᠳᠣᠳᠠᠭ ᠶᠤᠮ ᠰᠢᠦ ᠳᠡ ᠪᠢ᠃ ᠪᠢᠳᠡ ᠡᠨᠳᠡ ᠡᠨᠡ ᠲᠣᠰᠣ ᠦᠭᠡᠢ ᠪᠡᠷ ᠴᠦ᠍ ᠢᠩᠬᠢᠰ ᠲᠢᠩᠬᠢᠰᠬᠢᠭᠡᠳ ᠠᠷᠭ᠎ᠠ ᠪᠠᠨ ᠣᠯᠤᠨ᠎ᠠ᠃ ᠲᠠᠨ ᠤ᠋ ᠬᠠᠢᠷᠠᠯᠠᠭᠰᠠᠨ ᠲᠡᠷᠡ ᠮᠢᠬ᠎ᠠ ᠴᠤ᠌ ᠪᠢᠳᠡᠨ ᠳ᠋ᠦ᠍ ᠪᠠᠰᠠ ᠶᠡᠬᠡ ᠨᠡᠮᠡᠷᠢ ᠪᠣᠯᠤᠯ ᠦᠭᠡᠢ ᠶᠠᠭᠠᠬᠢᠬᠤᠪ᠃ ᠲᠠ ᠡᠨᠡ ᠲᠣᠰᠣ ᠪᠠᠨ ᠬᠢᠴᠢᠶᠡᠵᠦ᠂ ᠲᠡᠷᠡ ᠮᠠᠭᠤ ᠬᠦᠦ ᠳ᠋ᠦ᠍ ᠮᠢᠨᠢ ᠠᠪᠠᠴᠢᠵᠤ ᠥᠭᠭᠦᠨᠡᠦ( ᠥᠭᠭᠦᠨ᠎ᠡ ᠤᠤ) ᠳᠠ? ᠤᠤᠭᠠᠨ ᠬᠦᠦ ᠮᠢᠨᠢ᠂ ᠮᠢᠨᠦ ᠭᠠᠭᠴᠠ ᠰᠠᠨᠠᠵᠤ᠂ ᠰᠠᠷᠪᠠᠢᠬᠤ ᠬᠥᠮᠦᠨ ᠶᠦᠮ ᠰᠢᠦ ᠳᠡ ᠭᠡᠵᠦ ᠭᠤᠶᠤᠵᠠᠢ᠃  
       ᠬᠡᠳᠦᠨ ᠠᠷᠠᠰᠤ ᠪᠠᠨ ᠴᠠᠢ ᠭᠤᠯᠢᠷ ᠪᠣᠯᠭᠠᠵᠤ᠂ ᠬᠦᠦ ᠳ᠋ᠡᠭᠡᠨ( ᠳ᠋ᠦ᠍ ᠪᠡᠨ) ᠴᠢᠪᠠᠭ᠎ᠠ ᠰᠢᠬᠢᠷ ᠠᠪᠤᠭᠠᠳ᠂ ᠰᠢᠷᠴᠢᠨ᠂ ᠳᠠᠮᠷᠢᠨ ᠯᠠᠮᠠ ᠶ᠋ᠢᠨ ᠳ᠋ᠦ᠍ ᠣᠷᠣᠯ᠎ᠠ᠃ ᠴᠣᠢᠮᠪᠠᠯ ᠢ᠋ ᠪᠣᠢ ᠤᠤ ᠭᠡᠵᠦ ᠠᠰᠠᠭᠤᠬᠤ ᠳ᠋ᠤᠨᠢ( ᠳ᠋ᠤ᠌ ᠨᠢ)᠂ 
       — ᠪᠠᠢᠬᠤ ᠦᠭᠡᠢ᠂ ᠲᠡᠷᠡ ᠮᠠᠭᠤ᠂ ᠭᠡᠷ ᠢ᠋ᠶ᠋ᠡᠨ ᠰᠠᠨᠠᠭᠠᠳ᠂ ᠪᠣᠰᠴᠤ ᠠᠯᠠᠭ᠎ᠠ ᠪᠣᠯᠤᠭᠰᠠᠨ᠃ ᠣᠳᠣ ᠬᠣᠶᠠᠷ ᠬᠣᠨᠣᠬᠤ ᠭᠡᠵᠦ ᠪᠠᠢᠨ᠎ᠠ ᠤᠷᠭᠤᠭᠰᠠᠭᠠᠷ᠃ ᠠᠱ᠌ᠢᠭᠦᠢ(ᠠᠰᠢᠭᠦᠢ)ᠬᠠᠷᠢᠨ ᠪᠠᠰᠠ ᠨᠢᠭᠡ ᠱᠠᠪᠢ ᠮᠠᠨᠢ᠂ ᠬᠥᠳᠡᠭᠡ ᠲᠦᠷ ᠴᠢᠯᠥᠭᠡ ᠪᠡᠷ ᠶᠠᠪᠤᠭᠰᠠᠨ ᠢ᠋ᠶ᠋ᠠᠨ ᠢᠷᠡᠵᠡᠢ᠃ ᠦᠭᠡᠢ ᠪᠣᠯ᠂ ᠪᠢ ᠤᠮᠳᠠᠨ ᠤ᠋ ᠴᠠᠰᠤ ᠬᠠᠢᠯᠤᠭᠤᠯᠬᠤ᠂ ᠴᠠᠢ ᠴᠢᠨᠠᠬᠤ᠂ ᠭᠡᠷ ᠦ᠋ᠨ ᠠᠷᠰᠠᠷ ᠠᠵᠢᠯ ᠬᠢᠬᠦ ᠭᠡᠵᠦ᠂ ᠤᠩᠰᠢᠬᠤ ᠪᠢᠰᠢᠯᠭᠠᠬᠤ ᠴᠠᠭ ᠢ᠋ᠶ᠋ᠠᠨ ᠭᠠᠷᠤᠵᠠᠳᠠᠵᠤ ᠰᠠᠨᠳᠤᠷᠬᠤ ᠶᠤᠮᠰᠠᠨ(ᠶᠤᠮ ᠰᠠᠨ) ᠭᠡᠬᠦ ᠳ᠋ᠦ᠍᠂ ᠰᠢᠷᠴᠢᠨ᠂ ᠴᠣᠢᠮᠪᠠᠯ ᠢ᠋ ᠲᠡᠭᠡᠪᠡᠯ ᠡᠳᠦᠢ ᠳ᠋ᠦ᠍ ᠯᠠᠪ ᠭᠡᠷ ᠲᠡᠭᠡᠨ( ᠲᠤ ᠪᠡᠨ) ᠬᠦᠷᠦᠭᠰᠡᠨ ᠪᠢᠵᠡ ᠭᠡᠵᠦ ᠪᠣᠳᠣᠭᠠᠳ᠂ ᠲᠡᠷᠡ ᠯᠠᠮᠠ ᠲᠠᠢ ᠰᠠᠯᠬᠤ ᠶᠣᠰᠣ ᠬᠢᠵᠦ ᠭᠡᠷ ᠦ᠋ᠨ ᠵᠦᠭ ᠮᠣᠷᠳᠠᠪᠠ᠃ 
       ᠬᠡᠢᠳ ᠡᠴᠡ ᠭᠠᠷᠴᠤ ᠶᠠᠪᠤᠲᠠᠯ᠎ᠠ᠂ ᠵᠠᠮ ᠳ᠋ᠤᠨᠢ( ᠳ᠋ᠤ᠌ ᠨᠢ) ᠲᠠᠮᠠᠭ᠎ᠠ ᠶ᠋ᠢᠨ ᠲᠠᠨᠢᠳᠠᠭ ᠪᠢᠴᠢᠭᠡᠴᠢ ᠳᠠᠨᠢᠭᠠᠢ ᠡᠪᠦᠭᠡᠨ ᠠᠭᠤᠯᠵᠠᠵᠤ᠂ ᠬᠠᠷᠢᠯᠴᠠᠨ ᠠᠮᠤᠷ ᠮᠡᠨᠳᠦ ᠶ᠋ᠢ ᠠᠰᠠᠭᠤᠯᠴᠠᠭᠠᠳ᠂ ᠳᠠᠨᠢᠭᠠᠢ ᠪᠠᠬᠠᠳᠤᠨ ᠥᠭᠦᠯᠡᠷᠦᠨ᠄ 
       — ᠪᠢ ᠴᠢᠮᠠᠲᠤ (ᠴᠢᠮ᠎ᠠ ᠳ᠋ᠤ᠌)ᠨᠢᠭᠡ ᠰᠠᠢᠬᠠᠨ ᠶᠠᠭᠤᠮ᠎ᠠ ᠥᠭᠭᠦᠶ᠎ᠡ᠂ ᠴᠢ ᠬᠠᠷᠢᠨ ᠲᠡᠭᠦᠨ ᠢ᠋ ᠬᠠᠮᠢᠶ᠎ᠠ ᠨᠠᠮᠢᠶ᠎ᠠ ᠦᠭᠡᠢ ᠬᠥᠮᠦᠨ ᠳ᠋ᠦ᠍ ᠦᠵᠡᠭᠦᠯᠵᠦ᠂ ᠨᠠᠮᠠᠶ᠋ᠢ (ᠨᠠᠮ᠎ᠠ ᠶ᠋ᠢ)ᠪᠢᠲᠡᠭᠡᠢ ᠶᠠᠯ᠎ᠠ ᠳ᠋ᠤ᠌ ᠤᠨᠠᠭᠠᠭᠠᠷᠠᠢ᠃ ᠬᠢᠶᠠᠭᠲᠤ ᠠ᠋ᠴᠠ ᠥᠷᠲᠡᠭᠡᠨ ᠦ᠌ ᠤᠯᠠᠭᠠᠴᠢ ᠨᠠᠷ ᠢ᠋ ᠳᠠᠮᠵᠢᠭᠰᠠᠭᠠᠷ᠂ ᠮᠠᠨᠠᠢ (ᠮᠠᠨ ᠤ᠋) ᠲᠠᠮᠠᠭ᠎ᠠ ᠶ᠋ᠢᠨ ᠭᠠᠵᠠᠷ ᠠᠷᠠᠳ ᠤ᠋ᠨ ᠵᠠᠰᠠᠭ ᠤ᠋ᠨ ᠭᠠᠵᠠᠷ ᠠ᠋ᠴᠠ ᠣᠯᠠᠨ ᠳ᠋ᠤ᠌ ᠲᠤᠩᠬᠠᠭᠯᠠᠨ ᠵᠠᠷᠯᠠᠬᠤ ᠪᠢᠴᠢᠭ ᠢᠷᠡᠵᠡᠢ᠃ ᠠᠷᠠᠳ ᠤ᠋ᠨ ᠵᠠᠰᠠᠭ ᠤ᠋ᠨ ᠭᠠᠵᠠᠷ ᠠ᠋ᠴᠠ ᠰᠢᠦ᠃ ᠬᠢᠶᠠᠭᠲᠤ ᠳ᠋ᠤ᠌ ᠮᠠᠨᠠᠢ(ᠮᠠᠨ ᠤ᠋) ᠠᠷᠠᠳ ᠤ᠋ᠨ ᠵᠠᠰᠠᠭ ᠤ᠋ᠨ ᠭᠠᠵᠠᠷ ᠪᠣᠢ ᠪᠣᠯᠵᠠᠢ! ᠴᠢ ᠰᠦᠬᠡᠪᠠᠭᠠᠲᠤᠷ ᠢ᠋ ᠲᠠᠨᠢᠳᠠᠭ ᠰᠢᠦ ᠳᠡ᠃ ᠲᠡᠷᠡ ᠬᠥᠮᠦᠨ ᠣᠷᠣᠰ ᠤᠯᠤᠰ ᠠ᠋ᠴᠠ ᠲᠤᠰᠠᠯᠠᠮᠵᠢ ᠭᠤᠶᠤᠬᠤ ᠪᠠᠷ ᠶᠠᠪᠤᠭᠠᠳ ᠬᠦᠰᠡᠭᠰᠡᠨ ᠶᠡᠬᠡ ᠬᠡᠷᠡᠭ ᠨᠢ ᠪᠦᠲᠦᠵᠦ᠂ ᠣᠷᠣᠰ ᠤᠯᠤᠰ ᠠ᠋ᠴᠠ ᠲᠤᠰᠠᠯᠠᠮᠵᠢ ᠣᠯᠤᠭᠠᠳ᠂ ᠭᠠᠮᠢᠩ ᠢ᠋ ᠲᠠᠢᠯᠵᠤ᠂ ᠣᠳᠣ ᠮᠠᠨᠠᠢ (ᠮᠠᠨ ᠤ᠋)ᠤᠮᠠᠷᠠᠲᠤ ᠬᠢᠵᠠᠭᠠᠷ ᠲᠤ᠌ ᠬᠢᠶᠠᠭᠲᠤ ᠶ᠋ᠢᠨ ᠭᠠᠵᠠᠷ᠂ ᠮᠠᠨᠠᠢ(ᠮᠠᠨ ᠤ᠋) ᠠᠷᠠᠳ ᠤ᠋ᠨ ᠵᠠᠰᠠᠭ ᠤ᠋ᠨ ᠣᠷᠳᠣᠨ ᠪᠣᠢ ᠪᠣᠯᠵᠠᠢ᠃ ᠲᠠᠮᠠᠭ᠎ᠠ ᠶ᠋ᠢᠨ ᠭᠠᠵᠠᠷ᠂ ᠮᠠᠨᠠᠢ(ᠮᠠᠨ ᠤ᠋) ᡀᠠ ᠵᠠᠰᠠᠭ ᠪᠡᠢᠯᠡ᠂ ᠲᠤᠰᠠᠯᠠᠭᠴᠢ᠂ ᠵᠠᠬᠢᠷᠤᠭᠴᠢ᠂ ᠲᠠᠮᠠᠭ᠎ᠠ ᠶ᠋ᠢᠨ ᠲᠦᠰᠢᠮᠡᠳ ᠴᠥᠮ ᠲᠡᠷᠡ ᠲᠤᠩᠬᠠᠭᠯᠠᠨ ᠵᠠᠷᠯᠠᠬᠤ ᠪᠢᠴᠢᠭ ᠢ᠋ ᠣᠳᠣᠬᠠᠨ ᠳᠡᠭᠡᠷ᠎ᠡ ᠴᠢᠮᠡᠭᠡ ᠦᠭᠡᠢ ᠳᠠᠷᠤᠵᠤ᠂ ᠪᠦᠦ ᠵᠠᠳᠠᠷᠠᠭᠤᠯ ᠭᠡᠵᠦ ᠬᠦᠷᠢᠶᠡᠨ ᠦ᠌ ᠪᠠᠷᠤᠨ ᠤ᠋ ᠵᠠᠰᠠᠭ ᠠ᠋ᠴᠠ ᠠᠶᠤᠵᠠᠢ᠃ ᠪᠢ ᠲᠡᠷᠡ ᠪᠢᠴᠢᠭ ᠢ᠋ ᠥᠪᠡᠷᠲᠡᠭᠡᠨ ᠨᠢᠭᠡ ᠬᠤᠪᠢ᠂ ᠪᠠᠰᠠ ᠰᠠᠢᠨ ᠬᠥᠮᠦᠨ ᠳ᠋ᠦ᠍ ᠦᠵᠡᠭᠦᠯᠵᠦ ᠪᠠᠶᠠᠷᠯᠠᠭᠤᠯᠬᠤ ᠭᠡᠵᠦ ᠬᠠᠭᠤᠯᠵᠤ ᠠᠪᠤᠭᠰᠠᠨ᠃  ᠴᠢᠮᠠᠲᠤ (ᠴᠢᠮ᠎ᠠ ᠳ᠋ᠤ᠌ )ᠨᠢᠭᠡ ᠬᠤᠪᠢ ᠥᠭᠭᠦᠶ᠎ᠡ᠃ ᠴᠢ ᠨᠠᠳᠠ ᠠ᠋ᠴᠠ ᠠᠪᠤᠭᠰᠠᠨ ᠭᠡᠵᠦ ᠬᠥᠮᠦᠨ ᠳ᠋ᠦ᠍ ᠬᠠᠮᠢᠶ᠎ᠠ ᠦᠭᠡᠢ ᠪᠢᠲᠡᠭᠡᠢ ᠬᠡᠯᠡᠭᠡᠷᠡᠢ᠃ ᠪᠢ ᠦᠰᠦᠭ ᠢ᠋ᠶ᠋ᠡᠨ ᠬᠦᠷᠲᠡᠯ᠎ᠡ ᠬᠥᠮᠦᠨ ᠳ᠋ᠦ᠍ ᠲᠠᠨᠢᠭᠳᠠᠬᠤ ᠦᠭᠡᠢ ᠭᠡᠵᠦ ᠥᠭᠡᠷᠡᠴᠢᠯᠡᠵᠦ᠂ ᠬᠠᠭᠤᠯᠤᠭᠰᠠᠨ ᠶᠤᠮ ᠰᠢᠦ᠃ ᠮᠠᠢ ᠪᠢᠲᠡᠭᠡᠢ ᠭᠡᠭᠡᠷᠡᠢ᠃ ᠠᠷᠠᠳ ᠪᠢᠳᠡᠨ ᠳ᠋ᠦ᠍ ᠡᠨᠡ ᠨᠢᠭᠡᠨ ᠠᠮᠠ ᠡᠷᠢᠶᠡᠨ ᠴᠠᠭᠠᠰᠤ᠂ ᠳᠠᠷᠤᠢ ᠨᠢᠭᠡᠨ ᠮᠢᠩᠭᠠᠨ ᠯᠠᠩ ᠰᠢᠵᠢᠷ ᠠᠯᠲᠠ ᠠ᠋ᠴᠠ ᠦᠨᠡᠲᠡᠢ ᠰᠠᠢᠬᠠᠨ ᠦᠭᠡ᠂ ᠦᠨᠡᠨ ᠪᠠᠶᠠᠷ ᠤ᠋ᠨ ᠮᠡᠳᠡᠭᠡ ᠲᠡᠢ ᠶᠦᠮ ᠰᠢᠦ ᠭᠡᠵᠦ᠂ ᠨᠢᠭᠡ ᠠᠮᠠ ᠮᠣᠣᠲᠤᠤ ᠴᠠᠭᠠᠰᠤ ᠨᠤᠭᠤᠯᠵᠤ ᠪᠢᠴᠢᠭᠰᠡᠨ ᠪᠢᠴᠢᠭ ᠥᠭᠭᠦᠯ᠎ᠡ᠃ 
       ᠰᠢᠷᠴᠢᠨ᠂ ᠲᠡᠭᠦᠨ ᠢ᠋ ᠠᠯᠴᠢᠭᠤᠷ ᠢ᠋ᠶ᠋ᠠᠷ ᠨᠠᠨᠳᠢᠩᠨᠠᠨ ᠣᠷᠢᠶᠠᠵᠤ ᠡᠪᠦᠷ ᠲᠡᠭᠡᠨ ᠬᠢᠭᠡᠳ᠂ ᠭᠡᠷ ᠦ᠋ᠨ ᠵᠦᠭ ᠲᠡᠮᠡᠭᠡᠨ ᠦ᠌ ᠵᠣᠭᠳᠣᠷ ᠬᠥᠳᠡᠯᠭᠡᠨ ᠶᠠᠪᠤᠯ᠎ᠠ᠃ ᠬᠣᠰᠢᠭᠤ ᠬᠡᠢᠳ ᠡᠴᠡ ᠬᠣᠯᠠᠳᠠᠵᠤ᠂ ᠡᠵᠡᠭᠦᠢ ᠬᠡᠭᠡᠷ᠎ᠡ ᠲᠠᠯ᠎ᠠ ᠳ᠋ᠤ᠌ ᠭᠠᠷᠤᠮᠠᠭᠴᠠ᠂ ᠡᠪᠦᠷ ᠡᠴᠡ ᠪᠡᠨ ᠨᠠᠨᠳᠢᠩᠨᠠᠵᠤ ᠪᠣᠭᠣᠭᠰᠠᠨ ᠪᠢᠴᠢᠭ ᠢ᠋ ᠭᠠᠷᠭᠠᠵᠤ᠂《ᠮᠣᠩᠭᠣᠯ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠢᠳᠬᠡᠬᠦ ᠭᠠᠵᠠᠷ ᠠ᠋ᠴᠠ ᠪᠦᠬᠦ ᠮᠣᠩᠭᠣᠯ ᠤ᠋ᠨ ᠲᠦᠮᠡᠨ ᠠᠷᠠᠳ ᠪᠠ ᠣᠯᠠᠨ ᠯᠠᠮᠠ ᠨᠣᠶᠠᠳ ᠲᠤ᠌ ᠲᠤᠩᠬᠠᠭᠯᠠᠨ ᠵᠠᠷᠯᠠᠬᠤ ᠪᠢᠴᠢᠭ》 ᠭᠡᠰᠡᠨ ᠲᠡᠭᠦᠨ ᠢ᠋ ᠳᠡᠯᠭᠡᠨ ᠦᠵᠡᠪᠡᠯ᠂ 
      《ᠮᠠᠨᠠᠢ(ᠮᠠᠨ ᠤ᠋)ᠮᠣᠩᠭᠣᠯ ᠭᠠᠵᠠᠷ ᠣᠷᠣᠨ ᠢ᠋ ᠬᠢᠲᠠᠳ ᠵᠠᠰᠠᠭ ᠤ᠋ᠨ ᠬᠠᠷᠭᠢᠰ 
       ᠮᠠᠲᠠᠯ ᠠ᠋ᠴᠠ ᠠᠩᠭᠢᠵᠢᠷᠠᠭᠤᠯᠰᠤᠭᠠᠢ᠃  ᠮᠠᠨᠠᠢ (ᠮᠠᠨ ᠤ᠋) ᠣᠯᠠᠨ ᠭᠠᠵᠠᠷ 
      《ᠪᠦᠯᠦᠭᠯᠡᠨ ᠬᠤᠷᠠᠯᠳᠤᠵᠤ᠂ ᠤᠤᠯᠭᠠᠯᠠᠨ ᠪᠤᠯᠢᠶᠠᠵᠤ ᠳᠡᠭᠡᠷᠡᠮᠳᠡᠨ᠂ 
      《ᠡᠯᠳᠡᠪ ᠬᠤᠳᠠᠯ ᠬᠡᠯᠡᠵᠦ ᠶᠠᠪᠤᠭ᠎ᠠ ᠵᠡᠪᠰᠡᠭ ᠪᠦᠬᠦᠢ ᠵᠦᠢᠯ ᠪᠦᠷᠢ ᠶ᠋ᠢᠨ 
      《ᠵᠠᠯᠢᠬᠠᠢ ᠮᠠᠭᠤ ᠬᠤᠯᠠᠭᠠᠢ ᠨᠠᠷ ᠢ᠋ ᠬᠥᠭᠡᠭᠡᠨ ᠠᠷᠢᠯᠭᠠᠵᠤ᠂ ᠮᠠᠨᠠᠢ (ᠮᠠᠨ ᠤ᠋) 
      《ᠮᠣᠩᠭᠣᠯ ᠤ᠋ᠨ ᠣᠷᠣᠨ ᠨᠤᠲᠤᠭ ᠢ᠋ ᠠᠮᠤᠷ ᠵᠢᠮᠤᠷ ᠪᠣᠯᠭᠠᠶ᠎ᠠ! ᠮᠠᠨᠠᠢ ( ᠮᠠᠨ ᠤ᠋)  
      《ᠮᠣᠩᠭᠣᠯ ᠤᠯᠤᠰ ᠤ᠋ᠨ ᠲᠦᠮᠡᠨ ᠠᠷᠠᠳ ᠨᠡᠢᠲᠡ ᠶ᠋ᠢᠨ ᠲᠥᠯᠥᠭᠡᠯᠡᠭᠴᠢᠳ ᠢ᠋  
      《ᠵᠠᠷᠯᠠᠨ ᠢᠷᠡᠭᠦᠯᠵᠦ ᠤᠯᠤᠰ ᠤ᠋ᠨ ᠶᠡᠬᠡ ᠬᠤᠷᠠᠯᠳᠤᠭᠠᠨ ᠨᠡᠭᠡᠭᠡᠵᠦ᠂ 
      《ᠣᠯᠠᠨ ᠢ᠋ᠶ᠋ᠠᠷ ᠵᠥᠪᠰᠢᠨ ᠬᠡᠯᠡᠯᠴᠡᠵᠦ᠂ ᠲᠤᠰ ᠤᠯᠤᠰ ᠤ᠋ᠨ ᠵᠠᠰᠠᠭ ᠢ᠋ 
      《ᠰᠢᠳᠤᠷᠭᠤ ᠪᠠᠷ ᠪᠠᠢᠭᠤᠯᠵᠤ᠂ ᠠᠷᠠᠳ ᠠᠮᠢᠲᠠᠨ ᠤ᠋ ᠡᠷᠬᠡ ᠮᠠᠲᠠᠯ ᠢ᠋ 
      《ᠬᠦᠨᠳᠦᠳᠬᠡᠨ ᠪᠠᠲᠤᠯᠠᠵᠤ᠂ ᠴᠠᠭᠠᠵᠠ ᠳᠦᠷᠢᠮ ᠢ᠋ ᠰᠠᠢᠨ ᠢ᠋ᠶ᠋ᠠᠷ ᠬᠢᠨᠠᠨ  
      《ᠲᠣᠭᠲᠠᠭᠠᠰᠤᠭᠠᠢ ᠬᠡᠮᠡᠵᠦ᠂ ᠴᠠᠭ ᠤ᠋ᠨ ᠤᠯᠠᠷᠢᠯ ᠢ᠋ ᠳᠠᠭᠠᠵᠤ᠂ ᠮᠠᠨᠠᠢ(ᠮᠠᠨ ᠤ᠋) 
      《ᠮᠣᠩᠭᠣᠯ ᠤ᠋ᠨ ᠡᠷᠬᠢᠮ ᠣᠯᠠᠨ ᠮᠡᠷᠭᠡᠳ ᠦ᠋ᠨ ᠳᠠᠭᠠᠭᠠᠯᠭᠠᠭᠰᠠᠨ  
      《ᠶᠣᠰᠣᠭᠠᠷ᠂ ᠮᠠᠨᠠᠢ (ᠮᠠᠨ ᠤ᠋) ᠳᠣᠯᠣᠭᠠᠨ ᠬᠥᠮᠦᠨ ᠢ᠋ ᠰᠣᠩᠭᠣᠨ ᠲᠣᠮᠢᠯᠠᠵᠤ᠂ 
      《ᠮᠣᠩᠭᠣᠯ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ 
      《ᠵᠠᠬᠢᠷᠤᠨ ᠰᠢᠢᠳᠬᠡᠬᠦ ᠭᠠᠵᠠᠷ ᠪᠠᠢᠭᠤᠯᠪᠠ᠃ 
      《ᠲᠡᠭᠦᠨ ᠡᠴᠡ ᠬᠣᠢᠰᠢ ᠮᠠᠨᠠᠢ( ᠮᠠᠨ ᠤ᠋) ᠮᠣᠩᠭᠣᠯ ᠭᠠᠵᠠᠷ᠂ ᠬᠢᠲᠠᠳ ᠤ᠋ᠨ 
      《ᠡᠷᠬᠡ ᠮᠠᠲᠠᠯ ᠳ᠋ᠤ᠌ ᠣᠭᠲᠣ ᠪᠠᠢᠬᠤ ᠦᠭᠡᠢ ᠪᠣᠯᠤᠭᠰᠠᠨ ᠤᠴᠢᠷ᠂ ᠮᠠᠨᠠᠢ (ᠮᠠᠨ ᠤ᠋) ᠮᠣᠩᠭᠣᠯ 
      《ᠤᠯᠤᠰ ᠤ᠋ᠨ ᠵᠠᠰᠠᠭ ᠤ᠋ᠨ ᠳᠡᠭᠡᠳᠦ ᠡᠷᠬᠡ ᠮᠠᠲᠠᠯ ᠨᠢ᠂ ᠴᠥᠮ ᠮᠣᠩᠭᠣᠯ  
      《ᠥᠪᠡᠷᠰᠡᠳ ᠦ᠋ᠨ ᠭᠠᠷ ᠲᠤ᠌ ᠣᠷᠣᠪᠠ᠃ ᠲᠡᠢᠮᠦ ᠶ᠋ᠢᠨ ᠲᠤᠯᠠ᠂ ᠬᠣᠢᠴᠢ ᠡᠳᠦᠷ 
      《ᠬᠢᠲᠠᠳ ᠤ᠋ᠨ ᠡᠷᠬᠡ ᠪᠠᠷᠢᠭᠴᠢᠳ ᠠ᠋ᠴᠠ ᠡᠯᠳᠡᠪ ᠵᠠᠬᠢᠷᠤᠭᠰᠠᠨ ᠲᠤᠰᠢᠶᠠᠭᠰᠠᠨ 
      《ᠵᠦᠢᠯ ᠢ᠋ ᠬᠡᠷᠬᠢᠪᠡᠴᠦ ᠳᠠᠭᠠᠵᠤ ᠪᠣᠯᠬᠤ ᠦᠭᠡᠢ᠃  
      《ᠮᠠᠨᠠᠢ(ᠮᠠᠨ ᠤ᠋) ᠮᠣᠩᠭᠣᠯ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ 
      《ᠲᠦᠷ ᠵᠠᠬᠢᠷᠤᠨ ᠰᠢᠢᠳᠬᠡᠬᠦ ᠭᠠᠵᠠᠷ ᠠ᠋ᠴᠠ ᠪᠣᠢ ᠪᠦᠬᠦ ᠬᠦᠴᠦ ᠴᠢᠳᠠᠯ ᠢ᠋ᠶ᠋ᠠᠨ 
      《ᠭᠠᠭᠴᠠᠬᠠᠨ ᠲᠦᠮᠡᠨ ᠠᠷᠠᠳ ᠤ᠋ᠨ ᠶᠡᠬᠡ ᠬᠡᠷᠡᠭ ᠲᠦ᠍ ᠵᠣᠷᠢᠭᠤᠯᠤᠮᠤᠢ᠃ ᠲᠡᠭᠦᠨ ᠳ᠋ᠦ᠍ 
      《ᠢᠮᠠᠭᠲᠠ ᠰᠦᠰᠦᠭᠯᠡᠨ ᠢᠲᠡᠭᠡᠬᠦ ᠨᠢ ᠲᠩᠷᠢ ᠶ᠋ᠢᠨ ᠪᠣᠱᠣᠭ ᠢ᠋ ᠪᠢᠰᠢᠷᠡᠵᠦ᠂ 
      《ᠮᠠᠨᠠᠢ (ᠮᠠᠨ ᠤ᠋) ᠮᠣᠩᠭᠣᠯ ᠤ᠋ᠨ ᠠᠷᠠᠳ ᠲᠦᠮᠡᠨ ᠦ᠌ ᠴᠣᠭ ᠵᠠᠯᠢ᠂ ᠰᠠᠢᠬᠠᠨ  
      《ᠵᠠᠶᠠᠭᠠᠨ ᠳ᠋ᠤ᠌ ᠢᠲᠡᠭᠡᠮᠦᠢ᠁   
      《᠁ ᠥᠪᠡᠷ ᠦ᠋ᠨ ᠬᠠᠷᠢᠶᠠᠲᠤ ᠭᠠᠵᠠᠷ ᠬᠠᠷᠭᠢᠰ ᠵᠠᠰᠠᠭ ᠶᠠᠪᠤᠭᠤᠯᠤᠭᠰᠠᠨ ᠠ᠋ᠴᠠ 
      《ᠮᠥᠨ ᠬᠦ᠌ ᠥᠪᠡᠷ ᠦ᠋ᠨ ᠠᠷᠠᠳ ᠠᠮᠢᠲᠠᠨ ᠳ᠋ᠤ᠌ ᠬᠥᠭᠡᠭᠡᠭᠳᠡᠵᠦ᠂ ᠣᠷᠣᠨ ᠨᠤᠲᠤᠭ ᠠ᠋ᠴᠠ 
      《ᠭᠠᠷᠴᠤ ᠢᠷᠡᠭᠰᠡᠨ ᠪᠠᠷᠤᠨ ᠦᠩᠭᠧᠷᠡᠨ ᠲᠡᠷᠢᠭᠦᠯᠡᠨ᠂ ᠣᠷᠣᠰ ᠤ᠋ᠨ 
      《ᠴᠠᠭᠠᠨᠲᠠᠨ ᠭᠡᠭᠴᠢ ᠡᠴᠡ ᠰᠠᠨᠠᠮᠰᠠᠷ ᠦᠭᠡᠢ᠂ ᠮᠠᠨᠠᠢ(ᠮᠠᠨ ᠤ᠋) ᠮᠣᠩᠭᠣᠯᠴᠤᠳ 
      《ᠨᠡᠢᠲᠡ ᠪᠡᠷ ᠬᠢᠲᠠᠳ ᠵᠠᠰᠠᠭ ᠤ᠋ᠨ ᠬᠠᠷᠭᠢᠰ ᠡᠵᠡᠷᠬᠡᠭ ᠮᠠᠲᠠᠯ ᠳ᠋ᠤ᠌  
      《ᠶᠡᠬᠡᠯ᠎ᠡ(ᠶᠡᠬᠡ ᠯᠡ) ᠳᠤᠷ᠎ᠠ ᠦᠭᠡᠢ ᠪᠦᠬᠦᠢ ᠶ᠋ᠢ ᠡᠰᠢ ᠲᠡᠳᠡᠨ᠂ ᠴᠢᠯᠥᠭᠡ ᠣᠯᠵᠤ᠂ 
      《ᠮᠣᠩᠭᠣᠯ ᠢ᠋ ᠬᠢᠲᠠᠳ ᠤ᠋ᠨ ᠬᠠᠷᠭᠢᠰ ᠲᠠᠯᠬᠢᠨ ᠠ᠋ᠴᠠ ᠠᠩᠭᠢᠵᠢᠷᠠᠭᠤᠯᠵᠤ᠂ 
       ᠮᠣᠩᠭᠣᠯ ᠤ᠋ᠨ ᠲᠤᠰᠠᠭᠠᠷ ᠤᠯᠤᠰ ᠪᠠᠢᠭᠤᠯᠤᠮᠤᠢ ᠭᠡᠬᠦ ᠵᠡᠷᠭᠡ ᠶ᠋ᠢᠨ 
      《ᠶᠡᠬᠡ ᠦᠭᠡ ᠬᠡᠯᠡᠵᠦ᠂ ᠮᠠᠨᠠᠢ(ᠮᠠᠨ ᠤ᠋) ᠮᠣᠩᠭᠣᠯ ᠭᠠᠵᠠᠷ ᠴᠥᠮᠥᠷᠡᠨ ᠣᠷᠣᠵᠤ ᠢᠷᠡᠭᠡᠳ᠂ 
      《ᠨᠡᠢᠰᠯᠡᠯ ᠬᠦᠷᠢᠶ᠎ᠡ ᠶ᠋ᠢ ᠡᠵᠡᠯᠡᠨ᠂ ᠵᠠᠰᠠᠭ ᠤ᠋ᠨ ᠳᠡᠭᠡᠳᠦ ᠡᠷᠬᠡ ᠮᠠᠲᠠᠯ ᠢ᠋  
      《ᠴᠣᠬᠣᠮ ᠬᠦ᠌᠂ ᠭᠠᠷ ᠲᠠᠭᠠᠨ( ᠳ᠋ᠤ᠌ ᠪᠠᠨ) ᠰᠢᠭᠦᠷᠦᠨ ᠠᠪᠴᠤ᠂ ᠪᠦᠭᠦᠳᠡ ᠶ᠋ᠢ ᠬᠦᠴᠦ ᠪᠡᠷ 
      《ᠠᠶᠤᠯᠭᠠᠨ ᠰᠦᠷᠳᠡᠭᠦᠯᠵᠦ᠂ ᠮᠠᠨᠠᠢ(ᠮᠠᠨ ᠤ᠋) ᠮᠣᠩᠭᠣᠯ ᠭᠠᠵᠠᠷ ᠣᠷᠣᠨ ᠢ᠋ 
      《ᠪᠦᠷᠢᠨ᠎ᠡ ᠡᠵᠡᠷᠬᠡᠬᠦ ᠰᠠᠨᠠᠯ ᠠᠭᠤᠯᠵᠤ ᠪᠠᠢᠭ᠎ᠠ ᠭᠡᠬᠦ ᠡᠴᠡ ᠭᠠᠳᠠᠨ᠎ᠠ᠂ 
      《ᠮᠣᠩᠭᠣᠯ ᠤ᠋ᠨ ᠦᠨᠳᠦᠰᠦᠲᠡᠨ ᠦ᠌ ᠶᠡᠬᠡ ᠬᠡᠷᠡᠭ ᠭᠡᠵᠦ ᠬᠠᠭᠤᠷᠴᠤ᠂ 
      《ᠣᠯᠠᠨ ᠮᠣᠩᠭᠣᠯᠴᠤᠳ ᠢ᠋ ᠴᠡᠷᠢᠭ ᠲᠦ᠍ ᠠᠯᠪᠠᠲᠠᠨ ᠲᠠᠲᠠᠵᠤ᠂ ᠮᠣᠩᠭᠣᠯ 
      《ᠴᠡᠷᠢᠭ ᠦ᠋ᠳ ᠢ᠋ ᠡᠮᠦᠨ᠎ᠡ ᠪᠡᠨ ᠲᠠᠭᠤᠵᠤ᠂ ᠡᠷᠲᠡᠨ ᠡᠴᠡ ᠨᠠᠭᠠᠰᠢ ᠮᠠᠨᠠᠢ(ᠮᠠᠨ ᠤ᠋) 
      《ᠮᠣᠩᠭᠣᠯ ᠲᠠᠢ ᠵᠤᠵᠠᠭᠠᠨ ᠨᠠᠢᠷ ᠲᠠᠢ ᠶᠡᠬᠡ ᠣᠷᠣᠰ ᠤᠯᠤᠰ ᠲᠠᠢ 
      《ᠪᠠᠢᠯᠳᠤᠭᠤᠯᠵᠤ᠂ ᠨᠢᠭᠡᠨᠲᠡ ᠬᠠᠯᠠᠭᠳᠠᠭᠰᠠᠨ ᠥᠪᠡᠷ ᠦ᠋ᠨ ᠬᠠᠷᠭᠢᠰ ᠵᠠᠰᠠᠭ ᠢ᠋ 
      《ᠣᠷᠣᠰ ᠭᠠᠵᠠᠷ ᠳᠠᠬᠢᠨ ᠪᠠᠢᠭᠤᠯᠰᠤᠭᠠᠢ ᠬᠡᠮᠡᠮᠦᠢ᠃ ᠪᠠᠰᠠᠴᠤ(ᠪᠠᠰᠠ ᠴᠤ᠌
      《ᠬᠢᠲᠠᠳ ᠲᠠᠢ ᠪᠠᠢᠯᠳᠤᠵᠤ᠂ ᠲᠡᠷᠡ ᠵᠢᠯ ᠬᠠᠯᠠᠭᠳᠠᠭᠰᠠᠨ ᠴᠢᠩ 
      《ᠤᠯᠤᠰ ᠤ᠋ᠨ ᠡᠵᠡᠷᠬᠡᠭ ᠵᠠᠰᠠᠭ ᠢ᠋ ᠳᠠᠬᠢᠨ ᠪᠤᠰᠬᠠᠰᠤᠭᠠᠢ ᠬᠡᠮᠡᠮᠦᠢ᠃ 
      《ᠡᠳᠡᠭᠡᠷ ᠣᠷᠣᠰ ᠤ᠋ᠨ ᠴᠠᠭᠠᠨᠲᠠᠨ ᠪᠣᠯᠪᠠᠯ᠂ ᠮᠠᠨᠠᠢ(ᠮᠠᠨ ᠤ᠋) ᠮᠣᠩᠭᠣᠯ ᠤ᠋ᠨ 
      《ᠣᠯᠠᠨ ᠭᠠᠵᠠᠷ ᠡᠨᠳᠡ ᠲᠡᠨᠳᠡ ᠪᠦᠯᠦᠭᠯᠡᠨ ᠰᠦᠷᠦᠭᠯᠡᠵᠦ᠂ 
      《ᠵᠠᠷᠢᠮ ᠳ᠋ᠠᠭᠠᠨ( ᠳ᠋ᠤ᠌ ᠪᠠᠨ) ᠬᠦᠴᠦᠯᠡᠨ ᠬᠡᠷᠡᠭᠯᠡᠵᠦ᠂ ᠵᠠᠷᠢᠮ ᠣᠯᠠᠨ ᠮᠣᠩᠭᠣᠯᠴᠤᠳ ᠢ᠋  
      《ᠭᠡᠨᠡᠳᠡᠭᠦᠯᠦᠨ ᠮᠡᠬᠡᠯᠡᠵᠦ ᠶᠠᠪᠤᠮᠤᠢ᠃    
      《ᠡᠳᠡᠭᠡᠷ ᠦ᠋ᠨ ᠦᠨᠡᠨ ᠰᠠᠨᠠᠯ ᠠᠨᠤ ᠪᠣᠯᠪᠠᠰᠤ᠂ ᠮᠣᠩᠭᠣᠯᠴᠤᠳ ᠢ᠋ 
      《ᠬᠡᠷᠡᠭᠯᠡᠵᠦ᠂ ᠥᠪᠡᠷ ᠦ᠋ᠨ ᠪᠢᠲᠡᠭᠦᠯᠢᠭ ᠨᠢᠭᠡᠨ ᠬᠡᠷᠡᠭ ᠢ᠋ 
      《ᠪᠦᠲᠦᠭᠡᠰᠦᠭᠡᠢ ᠬᠡᠮᠡᠭᠰᠡᠨ ᠢᠨᠦ ᠮᠠᠭᠠᠳ᠃ ᠵᠦᠢ ᠢᠨᠦ᠂ ᠮᠠᠨᠠᠢ (ᠮᠠᠨ ᠤ᠋) 
      《ᠮᠣᠩᠭᠣᠯ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ 
      《ᠰᠢᠢᠳᠬᠡᠬᠦ ᠭᠠᠵᠠᠷ ᠠ᠋ᠴᠠ ᠵᠢᠷᠤᠮ ᠢ᠋ ᠪᠣᠳᠣᠵᠤ᠂ ᠡᠳᠡᠭᠡᠷ ᠬᠦ᠌ ᠳᠤᠷ᠎ᠠ 
      《ᠮᠡᠳᠡᠨ ᠶᠠᠪᠤᠭᠴᠢ ᠣᠷᠣᠰ ᠤ᠋ᠨ ᠴᠠᠭᠠᠨ ᠨᠠᠮ ᠤ᠋ᠨ ᠴᠡᠷᠢᠭ ᠦ᠋ᠳ ᠢ᠋ 
      《ᠣᠷᠣᠨ ᠬᠢᠵᠠᠭᠠᠷ ᠠ᠋ᠴᠠ ᠳᠠᠷᠤᠢᠬᠠᠨ ᠵᠠᠢᠯᠠᠭᠤᠯᠵᠤ᠂ ᠭᠠᠵᠠᠷ ᠣᠷᠣᠨ ᠢ᠋ᠶ᠋ᠠᠨ 
      《ᠠᠷᠢᠭᠤᠨ ᠴᠡᠪᠡᠷ ᠪᠣᠯᠭᠠᠰᠤᠭᠠᠢ ᠬᠡᠮᠡᠮᠦᠢ᠃ 
      《··· ᠮᠠᠨᠠᠢ(ᠮᠠᠨ ᠤ᠋) ᠮᠣᠩᠭᠣᠯ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ 
      《ᠲᠦᠷ ᠵᠠᠬᠢᠷᠤᠨ ᠰᠢᠳᠬᠡᠬᠦ ᠭᠠᠵᠠᠷ ᠠ᠋ᠴᠠ ᠴᠠᠭ ᠦᠶ᠎ᠡ ᠶ᠋ᠢ ᠦᠵᠡᠵᠦ᠂ ᠪᠦᠬᠦ 
      《ᠮᠣᠩᠭᠣᠯ ᠤ᠋ᠨ ᠲᠦᠮᠡᠨ ᠠᠷᠠᠳ ᠤ᠋ᠨ ᠲᠥᠯᠥᠭᠡᠯᠡᠭᠴᠢᠳ ᠢ᠋ ᠵᠠᠷᠯᠠᠨ 
      《ᠢᠷᠡᠭᠦᠯᠵᠦ᠂ ᠤᠯᠤᠰ ᠤ᠋ᠨ ᠶᠡᠬᠡ ᠬᠤᠷᠠᠯᠳᠤᠭᠠᠨ ᠨᠡᠭᠡᠭᠡᠵᠦ᠂ ᠮᠠᠨᠠᠢ (ᠮᠠᠨ ᠤ᠋) 
      《ᠦᠨᠳᠦᠰᠦᠨ ᠦ᠌ ᠶᠡᠬᠡ ᠬᠡᠷᠡᠭ ᠦ᠋ᠳ ᠢ᠋ ᠵᠥᠪᠰᠢᠨ ᠬᠡᠯᠡᠯᠴᠡᠭᠦᠯᠵᠦ᠂ ᠲᠤᠰᠠᠭᠠᠷ 
      《ᠲᠣᠭᠲᠠᠨᠢᠭᠰᠠᠨ ᠠᠷᠠᠳ ᠤ᠋ᠨ ᠵᠠᠰᠠᠭᠲᠤ ᠮᠣᠩᠭᠣᠯ ᠤᠯᠤᠰ ᠤ᠋ᠨ ᠡᠭᠦᠷᠢᠳᠡ ᠪᠠᠢᠬᠤ 
      《ᠶᠣᠰᠣᠲᠠᠢ ᠵᠠᠰᠠᠭ ᠤ᠋ᠨ ᠭᠠᠵᠠᠷ ᠢ᠋ ᠰᠣᠩᠭᠣᠨ ᠲᠠᠯᠪᠢᠭᠤᠯᠬᠤ ᠳ᠋ᠤ᠌ 
      《ᠪᠡᠯᠡᠳᠬᠡᠰᠦᠭᠡᠢ ᠭᠡᠮᠡᠨ ᠡᠭᠦᠨ ᠢ᠋ ᠣᠯᠠᠨ ᠲᠦᠮᠡᠨ ᠳ᠋ᠦ᠍ ᠲᠤᠩᠬᠠᠭᠯᠠᠨ ᠵᠠᠷᠯᠠᠪᠠ》 ᠭᠡᠬᠦ ᠵᠡᠷᠭᠡ ᠪᠡᠷ ᠪᠢᠴᠢᠭᠰᠡᠨ ᠢ᠋ ᠪᠠᠬᠠᠳᠤᠨ ᠦᠵᠡᠭᠡᠳ᠂ ᠠᠯᠴᠢᠭᠤᠷ ᠢ᠋ᠶ᠋ᠠᠨ ᠳᠡᠯᠭᠡᠵᠦ᠂ ᠳᠠᠬᠢᠨ ᠮᠠᠰᠢ ᠨᠢᠮᠪᠠᠢ ᠨᠠᠷᠢᠨ ᠢ᠋ᠶ᠋ᠠᠷ ᠣᠷᠢᠶᠠᠵᠤ ᠡᠪᠦᠷᠲᠦᠯᠡᠪᠡ᠃ ᠲᠤᠰᠠᠭᠠᠷ ᠲᠣᠭᠲᠠᠨᠢᠭᠰᠠᠨ ᠠᠷᠠᠳ ᠤ᠋ᠨ ᠵᠠᠰᠠᠭ ᠤ᠋ᠨ ᠮᠣᠩᠭᠣᠯ ᠤᠯᠤᠰ ᠭᠡᠰᠡᠨ ᠴᠥᠭᠡᠬᠡᠨ ᠪᠥᠭᠡᠳ ᠤᠳᠬ᠎ᠠ ᠮᠠᠰᠢ ᠢᠷᠠᠭᠤ ᠲᠣᠳᠣᠷᠬᠠᠢ ᠲᠡᠷᠡ ᠦᠭᠡ ᠨᠢ᠂ ᠡᠭᠡᠯ ᠵᠢᠷ ᠦ᠋ᠨ ᠬᠥᠮᠦᠨ ᠠᠷᠠᠳ ᠤ᠋ᠨ ᠰᠡᠳᠬᠢᠯ ᠳ᠋ᠦ᠍ ᠮᠣᠩᠭᠣᠯ ᠤᠯᠤᠰ ᠢ᠋ᠶ᠋ᠠᠨ ᠭᠡᠵᠦ ᠪᠢᠲᠡᠭᠦᠯᠢᠭ ᠬᠦᠰᠡᠨ ᠡᠷᠡᠮᠡᠯᠵᠡᠵᠦ᠂ ᠡᠷᠬᠡ ᠮᠠᠲᠠᠯ ᠲᠠᠢ᠂ ᠡᠩᠬᠡ ᠵᠢᠷᠭᠠᠯ ᠲᠠᠢ ᠠᠵᠤ ᠲᠥᠷᠥᠨ᠎ᠡ ᠭᠡᠵᠦ ᠠᠷᠪᠠᠨ ᠵᠢᠯ ᠦ᠋ᠨ ᠡᠮᠦᠨ᠎ᠡ ᠮᠠᠯᠴᠢᠨ ᠠᠷᠠᠳ ᠤ᠋ᠨ ᠴᠡᠷᠢᠭ ᠲᠦ᠍ ᠮᠣᠷᠳᠠᠭᠠᠳ ᠪᠠᠢᠯᠳᠤᠵᠤ ᠶᠠᠪᠤᠬᠤ ᠳ᠋ᠠᠭᠠᠨ(ᠳ᠋ᠤ᠌ ᠪᠠᠨ) ᠵᠣᠷᠢᠨ ᠡᠷᠡᠮᠡᠯᠵᠡᠵᠦ ᠶᠠᠪᠤᠭᠰᠠᠨ ᠬᠦᠰᠡᠯ ᠢ᠋ ᠪᠦᠷᠢᠨ᠎ᠡ ᠪᠠᠭᠲᠠᠭᠠᠨ ᠲᠣᠪᠴᠢᠯᠠᠭᠰᠠᠨ ᠦᠭᠡ ᠪᠠᠢᠵᠠᠢ᠃ 
       — ᠲᠤᠰᠠᠭᠠᠷ ᠲᠣᠭᠲᠠᠨᠢᠭᠰᠠᠨ ᠠᠷᠠᠳ ᠤ᠋ᠨ ᠵᠠᠰᠠᠭᠲᠤ ᠮᠣᠩᠭᠣᠯ ᠤᠯᠤᠰ ᠭᠡᠵᠦ ᠰᠢᠷᠴᠢᠨ᠂ ᠲᠡᠷᠡ ᠲᠤᠩᠬᠠᠭᠯᠠᠨ ᠵᠠᠷᠯᠠᠬᠤ ᠪᠢᠴᠢᠭ ᠦ᠋ᠨ ᠰᠡᠳᠬᠢᠯ ᠳ᠋ᠦ᠍ᠨᠢ (ᠳ᠋ᠦ᠍ ᠨᠢ) ᠬᠠᠳᠠᠭᠳᠠᠭᠰᠠᠨ ᠦᠭᠡ ᠶ᠋ᠢ ᠠᠮᠠᠨ ᠳᠣᠲᠣᠷ᠎ᠠ ᠪᠠᠨ ᠳᠠᠪᠲᠠᠨ ᠥᠭᠦᠯᠡᠵᠦ᠂ ᠡᠯᠢᠭᠡ ᠵᠢᠷᠦᠬᠡ ᠶ᠋ᠢ ᠨᠢ ᠬᠠᠯᠠᠭᠤ ᠣᠷᠭᠢᠲᠠᠯ᠎ᠠ ᠵᠢᠩᠨᠡᠵᠦ ᠪᠠᠢᠭ᠎ᠠ ᠮᠡᠲᠦ ᠰᠠᠢᠬᠠᠨ ᠰᠠᠨᠠᠭᠳᠠᠵᠤ ᠪᠠᠢᠭ᠎ᠠ ᠲᠡᠷᠡ ᠲᠤᠩᠬᠠᠭ ᠪᠢᠴᠢᠭ ᠢ᠋ ᠵᠢᠷᠦᠬᠡᠨ ᠲᠤᠰᠢᠶ᠎ᠠ ᠡᠪᠦᠷᠲᠦᠯᠡᠭᠰᠡᠨ ᠢ᠋ᠶ᠋ᠡᠨ ᠪᠠᠷᠢᠵᠤ ᠦᠵᠡᠯ᠎ᠡ᠃ ᠲᠤᠩᠬᠠᠭ ᠦᠵᠡᠬᠦ ᠵᠠᠪᠰᠠᠷ ᠪᠡᠯᠴᠢᠵᠦ ᠶᠠᠪᠤᠭᠰᠠᠨ ᠲᠡᠮᠡᠭᠡᠨ ᠦ᠌ ᠪᠤᠷᠠᠨᠲᠠᠭ ᠢ᠋ ᠵᠠᠯᠠᠵᠤ᠂ ᠨᠤᠲᠤᠭ ᠤ᠋ᠨ ᠵᠦᠭ ᠴᠢᠭᠯᠡᠭᠦᠯᠦᠭᠡᠳ᠂ ᠰᠢᠷᠴᠢᠨ᠂ ᠴᠡᠷᠡᠨ ᠦ᠌ ᠶᠡᠬᠡ ᠬᠠᠢᠷᠠᠲᠠᠢ ᠲᠡᠷᠡ ᠲᠣᠮᠣ ᠠᠲᠠᠨ ᠲᠡᠮᠡᠭᠡᠨ ᠦ᠌ ᠨᠢᠭᠡᠨ ᠵᠢᠭᠳᠡ ᠲᠡᠭᠰᠢ᠂ ᠭᠠᠵᠠᠷ ᠬᠣᠷᠣᠭᠠᠴᠠ ᠲᠠᠢ ᠠᠯᠬᠤᠵᠤ ᠶᠠᠪᠤᠬᠤ ᠳ᠋ᠤᠨᠢ (ᠳ᠋ᠤ᠌ ᠨᠢ)᠂ ᠲᠤᠩᠬᠠᠭ ᠤ᠋ᠨ ᠲᠡᠷᠡ ᠰᠠᠢᠬᠠᠨ ᠰᠣᠨᠢᠨ ᠮᠡᠳᠡᠭᠡ ᠶ᠋ᠢ ᠨᠥᠬᠥᠳ ᠲᠡᠭᠡᠨ ( ᠲᠤ ᠪᠡᠨ) ᠰᠣᠨᠣᠰᠬᠠᠵᠤ᠂ ᠴᠢᠬᠢ ᠶ᠋ᠢ ᠨᠢ ᠪᠠᠶᠠᠷᠯᠠᠭᠤᠯᠤᠨ᠎ᠠ ᠭᠡᠵᠦ ᠪᠣᠳᠣᠵᠤ ᠶᠠᠪᠤᠯ᠎ᠠ᠃ 
       ᠨᠠᠷᠠᠨ ᠥᠷᠥᠨ᠎ᠡ ᠵᠦᠭ ᠬᠡᠯᠪᠡᠢᠬᠦ ᠦᠶᠡᠰ᠂ ᠨᠢᠭᠡᠨ ᠭᠦᠳᠦᠭᠦᠷ ᠦ᠋ᠨ ᠬᠠᠵᠠᠭᠤ ᠪᠠᠷ ᠥᠩᠭᠡᠷᠡᠨ ᠭᠠᠷᠲᠠᠯ᠎ᠠ ᠳᠡᠪᠡᠯ ᠦ᠋ᠨ ᠲᠠᠰᠤᠷᠬᠠᠢ᠂ ᠮᠠᠯᠠᠭᠠᠢ᠂ ᠭᠤᠲᠤᠯ᠂ ᠴᠠᠰᠤᠨ ᠳᠡᠭᠡᠷ᠎ᠡ ᠤᠯᠠᠢᠵᠤ ᠬᠠᠷᠠᠭᠳᠠᠬᠤ ᠴᠢᠰᠤ᠂ ᠬᠥᠮᠦᠨ ᠦ᠌ ᠲᠣᠯᠣᠭᠠᠢ ᠲᠡᠷᠡ ᠭᠦᠳᠦᠭᠦᠷ ᠦ᠋ᠨ ᠠᠷᠤ ᠶ᠋ᠢᠨ ᠴᠠᠰᠤᠨ ᠳᠡᠭᠡᠷ᠎ᠡ ᠦᠵᠡᠭᠳᠡᠭᠰᠡᠨ ᠢ᠋ ᠬᠠᠷᠠᠭᠠᠳ᠂ ᠰᠢᠷᠴᠢᠨ ᠴᠠᠰᠤᠨ ᠳᠡᠭᠡᠷᠡᠬᠢ ᠡᠨᠡ ᠴᠢᠰᠤ᠂ ᠯᠠᠪ ᠬᠥᠮᠦᠨ ᠠᠯᠠᠭᠰᠠᠨ ᠤ᠋ ᠰᠢᠨᠵᠢ᠃ ᠭᠠᠮᠢᠩ ᠡᠭᠦᠪᠡᠷ ᠬᠡᠳᠦᠢᠨᠡᠢ(ᠬᠡᠳᠦᠢᠨ ᠦ᠌)ᠠᠯᠠᠭ᠎ᠠ ᠪᠣᠯᠤᠭᠰᠠᠨ᠃ ᠬᠠᠷᠢᠨ ᠴᠠᠭᠠᠨ ᠣᠷᠣᠰ ᠶᠠᠪᠤᠵᠤ ᠥᠩᠭᠡᠷᠡᠭᠰᠡᠨ ᠪᠠᠢᠵᠤ ᠮᠠᠭᠠᠳ᠃ ᠡᠨᠡ ᠴᠣᠬᠣᠮ ᠶᠠᠭᠤ ᠪᠣᠯᠤᠭᠰᠠᠨ ᠪᠢᠯᠡ? ᠭᠡᠵᠦ ᠭᠠᠢᠬᠠᠨ᠂ ᠲᠡᠮᠡᠭᠡ ᠶ᠋ᠢ ᠲᠡᠷᠡ ᠵᠦᠭ ᠳᠥᠬᠥᠭᠦᠯᠵᠦ ᠣᠢᠷᠠᠲᠤᠭᠠᠳ᠂ ᠭᠡᠨᠡᠳᠲᠡ ᠰᠣᠴᠢᠨ ᠵᠣᠭᠰᠣᠭᠠᠵᠤ᠂ ᠡᠮᠦᠨ᠎ᠡ ᠨᠢ ᠴᠠᠰᠤᠨ ᠳᠡᠭᠡᠷ᠎ᠡ ᠥᠭᠡᠳᠡ ᠪᠡᠨ ᠬᠠᠷᠠᠭᠠᠳ ᠬᠡᠪᠲᠡᠵᠦ ᠪᠠᠢᠭᠰᠠᠨ ᠲᠡᠷᠡ ᠲᠣᠯᠣᠭᠠᠢ ᠶ᠋ᠢ ᠰᠢᠷᠳᠡᠪᠡ᠃ ᠦᠵᠡᠪᠡᠰᠦ᠂ ᠥᠨᠥᠬᠢ ᠬᠥᠭᠡᠷᠦᠬᠦᠢ ᠲᠠᠩᠰᠤᠭ ᠠᠪᠠᠭᠠᠢ ᠶ᠋ᠢᠨ ᠭᠠᠭᠴᠠ ᠰᠠᠨᠠᠵᠤ ᠰᠠᠷᠪᠠᠢᠬᠤ ᠴᠤᠢᠮᠪᠠᠯ ᠭᠡᠳᠡᠭ ᠤᠤᠭᠠᠨ ᠬᠦᠦ ᠶ᠋ᠢᠨ ᠬᠢᠨᠢ ᠲᠣᠯᠣᠭᠠᠢ ᠠᠵᠢ᠃ ᠦᠰᠦ ᠶ᠋ᠢ ᠨᠢ ᠬᠢᠲᠤᠭ᠎ᠠ ᠪᠠᠷ ᠵᠦᠢᠯᠵᠦ ᠠᠪᠤᠭᠰᠠᠨ ᠲᠡᠷᠡ ᠵᠢᠭᠠᠯ ᠬᠦᠦ ᠶ᠋ᠢᠨ ᠲᠣᠯᠣᠭᠠᠢ ᠳ᠋ᠤ᠌ ᠥᠨᠥᠬᠢ ᠬᠠᠷᠭᠢᠰ ᠯᠠᠮᠠ ᠶ᠋ᠢᠨ ᠵᠣᠲᠣᠭᠣᠷ ᠤ᠋ᠨ ᠣᠷᠣ ᠰᠣᠷᠪᠢ ᠪᠠᠢᠭ᠎ᠠ ᠨᠢ᠂ ᠬᠠᠭᠤᠴᠢᠨ ᠵᠣᠳᠣᠭᠤᠯᠤᠭᠠᠳ ᠡᠳᠡᠭᠡᠵᠦ ᠪᠠᠢᠭᠰᠠᠨ ᠰᠣᠷᠪᠢ ᠶ᠋ᠢᠨ ᠬᠢᠨᠢ ᠬᠣᠯᠴᠣᠷᠠᠤ ᠡᠨᠳᠡ ᠲᠡᠨᠳᠡ ᠦᠵᠡᠭᠳᠡᠨ᠂ ᠰᠡᠭᠦᠯ ᠳ᠋ᠦ᠍ ᠵᠣᠳᠣᠭᠤᠯᠤᠭᠰᠠᠨ ᠤ᠋ ᠪᠤᠯᠳᠤᠷᠤᠤ ᠲᠣᠪᠤᠷᠤᠤᠳᠠᠨ᠂ ᠵᠡᠭᠦᠨ ᠬᠠᠴᠠᠷ᠂ ᠨᠢᠳᠦ᠂ ᠮᠠᠩᠨᠠᠢ ᠳᠡᠭᠡᠭᠦᠷ ᠰᠤᠷ ᠢ᠋ᠶ᠋ᠠᠷ ᠣᠷᠢᠶᠠᠯᠭᠠᠭᠰᠠᠨ ᠤ᠋ ᠬᠦᠷᠡᠩ ᠣᠷᠣ ᠵᠤᠷᠠᠢᠨ ᠦᠵᠡᠭᠳᠡᠵᠦ᠂ ᠵᠣᠳᠣᠭᠤᠯᠤᠭᠰᠠᠨ ᠨᠢᠳᠦ ᠨᠢ ᠬᠠᠪᠤᠳᠤᠨ ᠠᠨᠢᠭᠠᠳ᠂ ᠨᠥᠭᠦᠭᠡ ᠨᠢᠳᠦ ᠨᠢ ᠮᠠᠰᠢ ᠠᠶᠤᠭᠰᠠᠨ ᠪᠠᠢᠳᠠᠯ ᠲᠠᠢ᠂ ᠥᠨᠳᠥᠷ ᠬᠥᠬᠡ ᠲᠡᠭᠷᠢ ᠶ᠋ᠢᠨ ᠵᠦᠭ ᠰᠢᠷᠲᠡᠨ ᠪᠦᠯᠲᠡᠢᠵᠡᠢ᠃ 
       ᠠᠮᠠ ᠪᠠᠨ ᠶᠡᠬᠡᠳᠡ ᠠᠩᠭᠠᠢᠭᠰᠠᠨ ᠨᠢ᠂ ᠴᠢᠰᠤᠨ ᠬᠥᠭᠡᠰᠦ ᠰᠠᠬᠠᠷᠠᠨ ᠬᠥᠯᠳᠡᠭᠡᠳ᠂ ᠬᠥᠮᠥᠭᠡᠢ ᠪᠡᠨ ᠲᠠᠰᠤ ᠵᠠᠭᠤᠭᠰᠠᠨ ᠣᠷᠣᠨ ᠰᠣᠷᠪᠢ ᠲᠠᠢ ᠪᠠᠢᠳᠠᠯ ᠨᠢ᠂ ᠠᠮᠢ ᠲᠡᠮᠡᠴᠡᠨ᠂ ᠡᠵᠢ ᠨᠠᠭᠠᠨ᠎ᠠ ᠭᠡᠵᠦ ᠬᠠᠰᠬᠢᠷᠤᠭᠰᠠᠭᠠᠷ ᠦᠬᠦᠭᠰᠡᠨ ᠰᠢᠨᠵᠢ ᠲᠡᠢ ᠮᠡᠲᠦ᠃ 
       ᠰᠢᠷᠴᠢᠨ ᠶᠡᠬᠡᠯ᠎ᠡ ᠬᠢᠷᠳ᠋ᠬᠢᠨ ᠰᠣᠴᠢᠵᠤ᠂ ᠡᠯᠢᠭᠡ ᠡᠮᠲᠡᠷᠡᠵᠦ ᠵᠢᠷᠦᠬᠡ ᠰᠢᠮᠰᠢᠷᠡᠨ᠂ ᠲᠡᠷᠡ ᠬᠥᠭᠡᠷᠦᠬᠦᠢ ᠵᠢᠭᠠᠯ ᠤ᠋ᠨ ᠲᠣᠯᠣᠭᠠᠢ ᠠ᠋ᠴᠠ ᠨᠢᠳᠦ ᠰᠠᠯᠭᠠᠵᠤ ᠴᠢᠳᠠᠯ ᠦᠭᠡᠢ ᠰᠢᠷᠲᠡᠯᠬᠢᠯᠡᠨ᠂ ᠶᠡᠷᠦ ᠤᠷᠢᠳ ᠡᠮᠦᠨ᠎ᠡ ᠲᠡᠢᠨ ᠪᠠᠢᠯᠳᠤᠭᠠᠨ ᠳ᠋ᠤ᠌ ᠶᠠᠪᠤᠬᠤ ᠳ᠋ᠠᠭᠠᠨ ᠴᠤ᠌ ᠡᠨᠡ ᠵᠣᠪᠠᠯᠠᠩᠲᠤ ᠵᠢᠭᠠᠯ ᠤ᠋ᠨ ᠴᠢᠷᠠᠢ ᠳ᠋ᠤ᠌ ᠰᠢᠩᠭᠡᠭᠰᠡᠨ ᠲᠡᠢ ᠠᠳᠠᠯᠢ ᠠᠶᠤᠨ ᠭᠤᠶᠤᠵᠤ᠂ ᠵᠣᠪᠠᠨ ᠡᠨᠡᠯᠦᠭᠰᠡᠨ ᠪᠠᠢᠳᠠᠯ ᠢ᠋ ᠲᠡᠢᠨ ᠳ᠋ᠦ᠍ ᠤᠨᠠᠭᠰᠠᠨ ᠬᠥᠮᠦᠨ ᠦ᠌ ᠴᠢᠷᠠᠢ ᠳ᠋ᠤ᠌ ᠴᠤ᠌ ᠭᠡᠰᠡᠨ ᠦᠵᠡᠭᠡ ᠦᠭᠡᠢ ᠳ᠋ᠡᠭᠡᠨ ᠲᠡᠰᠬᠡᠯ ᠦᠭᠡᠢ ᠦᠷᠦ ᠡᠪᠡᠳᠦᠨ ᠡᠯᠢᠭᠡ ᠡᠮᠲᠡᠷᠡᠪᠡ᠃ 
       ᠬᠡᠭᠡᠷ᠎ᠡ ᠶ᠋ᠢᠨ ᠠᠷᠢᠶᠠᠲᠠᠨ ᠳ᠋ᠤ᠌ ᠢᠳᠡᠭᠦᠯᠦᠭᠰᠡᠨ ᠲᠡᠷᠡ ᠵᠢᠭᠠᠯ ᠬᠦᠦ ᠶ᠋ᠢᠨ ᠪᠠᠷᠠᠭᠤᠨ ᠭᠠᠷ ᠵᠤᠷᠪᠤᠰ ᠵᠤᠷᠪᠤᠰ ᠬᠥᠬᠡ ᠡᠷᠢᠶᠡᠨ ᠪᠣᠯᠤᠭᠰᠠᠨ ᠨᠢ᠂ ᠮᠥᠨ ᠠᠨᠠᠢ ᠵᠣᠲᠣᠭᠣᠷ ᠤ᠋ᠨ ᠣᠷᠣ ᠪᠥᠭᠡᠳ ᠬᠠᠨᠵᠠᠷᠬᠠᠢ ᠭᠤᠲᠤᠯ ᠠ᠋ᠴᠠ ᠡᠪᠦᠳᠦᠭ ᠲᠡᠭᠡᠨ( ᠲᠤ ᠪᠡᠨ) ᠬᠦᠷᠲᠡᠯ᠎ᠡ ᠢᠳᠡᠭᠦᠯᠦᠭᠰᠡᠨ ᠬᠥᠯ ᠴᠤᠬᠤᠢᠨ ᠦᠵᠡᠭᠳᠡᠵᠦ ᠪᠠᠢᠭ᠎ᠠ ᠨᠢ ᠲᠡᠷᠡ ᠵᠢᠭᠠᠯ ᠤ᠋ᠨ ᠪᠡᠶ᠎ᠡ ᠡᠴᠡ ᠦᠯᠡᠳᠡᠭᠰᠡᠨ ᠶᠠᠭᠤᠮ᠎ᠠ ᠳᠠᠷᠤᠢ ᠮᠥᠨ ᠠᠵᠢ᠃  
       ᠰᠢᠷᠴᠢᠨ ᠣᠷᠴᠢᠨ ᠳ᠋ᠠᠬᠢ ᠴᠠᠰᠤᠨ ᠳᠡᠭᠡᠷᠡᠬᠢ ᠣᠷᠣ ᠮᠥᠷ ᠢ᠋ ᠠᠵᠢᠭᠯᠠᠵᠤ ᠦᠵᠡᠭᠡᠳ᠂ ᠴᠢᠨᠣ᠎ᠠ ᠳ᠋ᠤ᠌ ᠬᠥᠭᠡᠭᠡᠭᠳᠡᠵᠦ᠂ ᠬᠦᠨᠳᠦ ᠭᠤᠲᠤᠯ ᠢ᠋ᠶ᠋ᠠᠨ ᠴᠠᠰᠤᠨ ᠳ᠋ᠤ᠌ ᠴᠢᠷᠴᠦ ᠭᠦᠶᠦᠭᠰᠡᠨ ᠲᠡᠷᠡ ᠵᠢᠭᠠᠯ ᠬᠦᠦ ᠶ᠋ᠢᠨ ᠪᠠᠷᠢᠭᠳᠠᠵᠤ ᠦᠬᠦᠭᠰᠡᠨ ᠪᠠᠢᠳᠠᠯ ᠢ᠋ ᠮᠡᠳᠡᠵᠦ ᠠᠪᠤᠯ᠎ᠠ᠃ 
       ᠪᠣᠣᠬᠠᠢ᠂ ᠤᠬᠤᠰ ᠤᠬᠤᠰ ᠳᠡᠭᠳᠡᠯᠬᠢᠯᠡᠨ ᠦᠰᠦᠷᠴᠦ᠂ ᠴᠣᠢᠮᠪᠠᠯ ᠢ᠋ ᠭᠦᠢᠴᠡᠭᠡᠳ᠂ ᠬᠠᠵᠠᠭᠤ ᠲᠠᠯ᠎ᠠ ᠠ᠋ᠴᠠ ᠦᠰᠦᠷᠦᠨ ᠳᠠᠭᠠᠷᠢᠵᠤ᠂ ᠭᠡᠳᠡᠷᠭᠦ ᠨᠢ ᠤᠨᠠᠭᠠᠭᠰᠠᠨ ᠪᠠᠢᠪᠠ᠃ 
       ᠲᠡᠷᠡ ᠬᠥᠭᠡᠷᠦᠬᠦᠢ ᠵᠢᠭᠠᠯ ᠤ᠋ᠨ ᠠᠮᠢ ᠦᠷᠡᠭᠳᠡᠭᠰᠡᠨ ᠭᠠᠵᠠᠷ ᠠ᠋ᠴᠠ ᠰᠢᠷᠴᠢᠨ᠂ ᠪᠤᠷᠠᠨᠲᠠᠭ ᠢ᠋ᠶ᠋ᠠᠨ ᠳᠠᠭᠤᠨ ᠦᠭᠡᠢ ᠵᠠᠯᠠᠵᠤ᠂ ᠬᠥᠭᠡᠷᠦᠬᠦᠢ ᠲᠠᠩᠰᠤᠭ ᠠᠪᠠᠭᠠᠢ ᠳ᠋ᠤ᠌ ᠭᠠᠰᠢᠭᠤᠳᠠᠯ ᠲᠠᠢ ᠮᠡᠳᠡᠭᠡ ᠰᠣᠨᠣᠰᠬᠠᠨ᠂ ᠴᠢᠬᠢᠨ ᠳ᠋ᠦ᠍ᠨᠢ( ᠳ᠋ᠦ᠍ ᠨᠢ) ᠬᠦᠢᠲᠡᠨ ᠬᠠᠷ᠎ᠠ ᠤᠰᠤ ᠬᠢᠬᠦ ᠪᠣᠯᠵᠠᠢ ᠭᠡᠵᠦ ᠭᠣᠨᠢᠭᠠᠷᠠᠨ(ᠭᠤᠨᠢᠶᠠᠷᠠᠨ)ᠵᠠᠮᠨᠠᠪᠠ᠃ 
       ᠦᠳᠡᠰᠢ᠂ ᠲᠠᠩᠰᠤᠭ ᠤ᠋ᠨ ᠭᠡᠷ ᠲᠦ᠍ ᠪᠠᠶᠠᠷ ᠦᠭᠡᠢ ᠬᠦᠷᠴᠦ ᠢᠷᠡᠭᠡᠳ᠂ ᠠᠮᠤᠷ ᠮᠡᠨᠳᠦ ᠶ᠋ᠢ ᠬᠠᠷᠢᠯᠴᠠᠨ ᠠᠰᠠᠭᠤᠯᠴᠠᠬᠤ ᠳ᠋ᠤ᠌ ᠪᠠᠨ᠂ ᠴᠢᠷᠠᠢ ᠥᠭᠡᠳᠡ ᠨᠢ ᠬᠠᠷᠠᠵᠤ ᠴᠢᠳᠠᠬᠤ ᠦᠭᠡᠢ᠂ ᠨᠢᠳᠦ ᠬᠠᠯᠲᠤᠷᠢᠨ᠂ ᠡᠭ ᠮᠡᠭ ᠭᠡᠵᠦ ᠲᠦᠭᠳᠡᠷᠡᠰᠬᠢᠭᠡᠳ᠂ ᠬᠣᠶᠠᠷ ᠪᠠᠭᠠᠴᠤᠳ ᠢ᠋ ᠵᠣᠴᠢᠨ ᠤ᠋ ᠬᠡᠰᠢᠭ ᠬᠦᠷᠲᠡᠬᠦ ᠭᠡᠵᠦ ᠮᠥᠰᠥᠨ ᠰᠢᠬᠢᠷ᠂ ᠴᠢᠪᠠᠭ᠎ᠠ ᠠᠪᠬᠤ ᠪᠠᠷ ᠪᠠᠶᠠᠷᠯᠠᠨ ᠬᠦᠷᠴᠦ ᠢᠷᠡᠬᠦ ᠳ᠋ᠦ᠍᠂ ᠶᠡᠬᠡᠯ᠎ᠡ(ᠶᠡᠬᠡ ᠯᠡ)ᠦᠷᠦ ᠡᠪᠡᠳᠦᠭᠰᠡᠨ ᠪᠠᠢᠳᠠᠯ ᠲᠠᠢ ᠬᠠᠷᠠᠵᠤ ᠪᠠᠢᠭ᠎ᠠ ᠶ᠋ᠢ ᠨᠢ ᠦᠵᠡᠭᠡᠳ᠂ ᠲᠠᠩᠰᠤᠭ᠂ ᠰᠢᠷᠴᠢᠨ ᠢ᠋ ᠨᠢᠭᠡ ᠮᠠᠭᠤ ᠶᠠᠭᠤᠮ᠎ᠠ ᠶ᠋ᠢᠨ ᠮᠡᠳᠡᠭᠡ ᠰᠣᠨᠣᠰᠬᠠᠬᠤ ᠭᠡᠳ ᠵᠢᠷᠦᠬᠡ ᠠᠯᠳᠠᠵᠤ ᠪᠠᠢᠭ᠎ᠠ ᠶᠤᠮ ᠪᠢᠰᠢ ᠪᠠᠢᠭ᠎ᠠ ᠳᠠ? ᠭᠡᠵᠦ ᠳᠣᠲᠣᠷ᠎ᠠ ᠪᠠᠨ ᠪᠢᠲᠡᠭᠦᠦ ᠰᠡᠵᠢᠭᠯᠡᠵᠦ᠂ ᠬᠥᠭᠡᠷᠦᠬᠦᠢ ᠡᠬᠡ ᠶ᠋ᠢᠨ ᠰᠡᠳᠬᠢᠯ ᠰᠢᠮᠰᠢᠷᠡᠨ᠂ ᠶᠠᠭᠤᠨ ᠢ᠋ᠶ᠋ᠠᠨ ᠬᠡᠯᠡᠬᠦ ᠭᠡᠳ ᠠᠮᠠ ᠨᠡᠭᠡᠭᠡᠵᠦ ᠴᠢᠳᠠᠬᠤ ᠦᠭᠡᠢ ᠪᠠᠢᠭ᠎ᠠ ᠶᠤᠮ ᠪᠣᠯ ᠳᠠ? ᠭᠡᠵᠦ ᠳᠡᠮᠡᠢ ᠯᠡ ᠰᠡᠳᠬᠢᠯ ᠵᠣᠪᠠᠨᠢᠨ ᠭᠠᠢᠬᠠᠪᠠ᠃ 
       ᠮᠣᠩᠭᠣᠯ ᠭᠠᠵᠠᠷ ᠽᠦᠩᠺᠠᠸ᠋᠎ᠠ ᠶ᠋ᠢᠨ ᠰᠢᠷ᠎ᠠ ᠶ᠋ᠢᠨ ᠱᠠᠰᠢᠨ ᠳᠡᠯᠭᠡᠷᠡᠭᠰᠡᠨ ᠴᠠᠭ ᠠ᠋ᠴᠠ ᠦᠷ᠎ᠡ ᠬᠡᠦᠬᠡᠳ ᠢ᠋ᠶ᠋ᠡᠨ ᠯᠠᠮᠠ ᠬᠤᠸᠠᠷᠠᠭ ᠪᠣᠯᠭᠠᠳᠠᠭ ᠵᠤᠷᠰᠢᠯ ᠢ᠋ᠶ᠋ᠠᠷ ᠤᠤᠭᠠᠨ ᠬᠦᠦ ᠪᠡᠨ ᠬᠡᠢᠳ ᠲᠦ᠍ ᠨᠣᠮ ᠰᠣᠷᠣᠭ ᠭᠡᠵᠦ ᠥᠭᠭᠦᠭᠰᠡᠨ ᠮᠠᠨᠢ ᠡᠷᠡᠭᠦᠯ ᠮᠡᠨᠳᠦ ᠪᠠᠢᠭ᠎ᠠ ᠳᠠ? ᠭᠡᠵᠦ ᠬᠥᠭᠡᠷᠦᠬᠦᠢ ᠡᠬᠡ ᠶ᠋ᠢᠨ ᠵᠢᠷᠦᠬᠡ ᠰᠢᠮᠰᠢᠷᠡᠪᠡ᠃ ᠬᠣᠶᠠᠷ ᠪᠠᠭᠠᠴᠤᠳ ᠤ᠋ᠨ ᠳᠡᠷᠭᠡᠳᠡ ᠨᠢ ᠭᠠᠰᠢᠭᠤᠳᠠᠯ ᠲᠠᠢ ᠪᠡᠯᠪᠡᠰᠦᠷᠡᠯ ᠦ᠋ᠨ ᠮᠡᠳᠡᠭᠡ ᠶ᠋ᠢ ᠡᠬᠡ ᠳ᠋ᠦ᠍ᠨᠢ( ᠳ᠋ᠦ᠍ ᠨᠢ) ᠬᠡᠯᠡᠬᠦ ᠡᠴᠡ ᠪᠡᠷᠬᠡᠰᠢᠶᠡᠵᠦ᠂ ᠰᠢᠷᠴᠢᠨ ᠬᠤᠳᠠᠯ ᠬᠡᠯᠡᠵᠦ ᠴᠢᠳᠠᠳᠠᠭ ᠦᠭᠡᠢ ᠲᠤᠯᠠ᠂ ᠶᠡᠬᠡᠯ᠎ᠡ(ᠶᠡᠬᠡ ᠯᠡ) ᠵᠣᠪᠠᠨᠢᠨ ᠡᠬᠡ  ᠳ᠋ᠦ᠍ᠨᠢ (ᠳ᠋ᠦ᠍ ᠨᠢ)᠂ 
       — ᠪᠢ᠂ ᠴᠣᠢᠮᠪᠠᠯ ᠲᠠᠢ ᠠᠭᠤᠯᠵᠠᠵᠤ ᠴᠢᠳᠠᠭᠰᠠᠨ ᠦᠭᠡᠢ᠃ ᠯᠠᠮᠠ ᠠ᠋ᠴᠠ ᠠᠰᠠᠭᠤᠪᠠᠯ᠂ ᠪᠡᠶ᠎ᠡ ᠨᠢ ᠵᠦᠭᠡᠷ ᠭᠡᠵᠦ ᠬᠡᠯᠡᠭᠰᠡᠨ ᠪᠢᠯᠡ ᠭᠡᠵᠦ ᠨᠢᠭᠡᠨ ᠤᠳᠠᠭ᠎ᠠ ᠥᠩᠭᠡᠷᠡᠭᠦᠯᠪᠡ᠃ 
       ᠣᠷᠣᠢ ᠶ᠋ᠢᠨ ᠬᠣᠭᠣᠯᠠ ᠢᠳᠡᠭᠰᠡᠨ ᠦ᠌ ᠬᠣᠢᠨ᠎ᠠ ᠲᠠᠩᠰᠤᠭ ᠤ᠋ᠨ ᠴᠢᠷᠠᠢ ᠳ᠋ᠤ᠌ ᠵᠣᠪᠠᠨᠢᠭᠰᠠᠨ ᠪᠠᠢᠳᠠᠯ ᠪᠣᠢ ᠶ᠋ᠢ ᠦᠵᠡᠭᠡᠳ᠂ ᠰᠢᠷᠴᠢᠨ ᠮᠥᠨ ᠠᠨᠠᠢ ᠠᠮᠠ ᠨᠡᠭᠡᠭᠡᠵᠦ ᠴᠢᠳᠠᠭᠰᠠᠨ ᠦᠭᠡᠢ᠂ ᠡᠬᠡ ᠶ᠋ᠢᠨ ᠡᠯᠢᠭᠡ ᠵᠢᠷᠦᠬᠡ ᠶ᠋ᠢ ᠲᠡᠷᠡ ᠵᠣᠪᠠᠯᠠᠩᠲᠤ ᠮᠡᠳᠡᠭᠡ ᠪᠡᠷ ᠡᠪᠳᠡᠵᠦ᠂ ᠨᠣᠢᠷ ᠠᠯᠳᠠᠭᠤᠯᠤᠭᠠᠳ ᠶᠠᠭᠠᠬᠢᠬᠤᠪ᠃ ᠮᠠᠷᠭᠠᠰᠢ ᠥᠷᠯᠥᠭᠡ ᠬᠡᠯᠡᠵᠦ ᠦᠵᠡᠶ᠎ᠡ ᠭᠡᠵᠦ ᠪᠣᠳᠣᠭᠠᠳ᠂ ᠵᠠᠮ ᠳ᠋ᠤ᠌ ᠪᠡᠶ᠎ᠡ ᠶᠠᠳᠠᠷᠠᠪᠠ ᠭᠡᠵᠦ ᠰᠢᠯᠲᠠᠭ ᠵᠢᠭᠠᠨ᠂ ᠡᠷᠲᠡᠬᠡᠨ ᠤᠨᠲᠠᠬᠤᠢᠴᠠ ᠪᠠᠨ ᠪᠣᠯᠵᠤ ᠬᠡᠪᠲᠡᠪᠡ᠃ 
       ᠥᠷᠯᠥᠭᠡᠭᠦᠷ ᠲᠠᠩᠰᠤᠭ ᠤ᠋ᠨ ᠴᠠᠢ ᠪᠠᠨ ᠠᠭᠤᠳᠠᠯᠵᠤ ᠪᠠᠢᠬᠤ ᠳ᠋ᠤ᠌ ᠂ ᠬᠡᠦᠬᠡᠳ ᠦ᠋ᠨ ᠤᠨᠲᠠᠵᠤ ᠪᠠᠢᠭ᠎ᠠ ᠰᠠᠮᠪᠠᠭᠠᠨ ᠳ᠋ᠤᠨᠢ ᠲᠡᠷᠡ ᠭᠠᠰᠢᠭᠤᠨ ᠮᠡᠳᠡᠭᠡ ᠶ᠋ᠢ ᠰᠣᠨᠣᠰᠬᠠᠨ ᠬᠡᠯᠡᠬᠦ ᠭᠡᠵᠦ ᠵᠢᠷᠦᠬᠡᠯᠡᠪᠡ᠃ ᠲᠠᠩᠰᠤᠭ ᠥᠭᠡᠳᠡ ᠬᠠᠷᠠᠬᠤ ᠠ᠋ᠴᠠ ᠨᠢᠳᠦ ᠬᠠᠯᠲᠤᠷᠢᠨ᠂ ᠬᠣᠭᠣᠯᠠᠢ ᠪᠠᠨ ᠵᠠᠰᠠᠵᠤ᠂ 
       — ᠴᠣᠢᠮᠪᠠᠯ᠂ ᠲᠡᠷᠡ ᠯᠠᠮᠠ ᠶ᠋ᠢᠨ ᠬᠢ ᠡᠴᠡ ᠭᠡᠷ ᠲᠡᠭᠡᠨ ᠬᠠᠷᠢᠬᠤ ᠭᠡᠵᠦ ᠪᠣᠰᠴᠤ᠂ ᠵᠠᠮ ᠳ᠋ᠠᠭᠠᠨ ᠁  ᠬᠡᠭᠡᠷ᠎ᠡ ᠶ᠋ᠢᠨ ᠨᠣᠬᠠᠢ ᠳ᠋ᠤ᠌ ᠁  ᠣᠰᠣᠯᠳᠠᠵᠠᠢ ᠁  ᠭᠡᠪᠡᠯ᠂  ᠲᠠᠩᠰᠤᠭ᠂ ᠰᠢᠷᠴᠢᠨ ᠦ᠌ ᠡᠮᠦᠨ᠎ᠡ ᠲᠠᠯᠪᠢᠬᠤ ᠭᠡᠵᠦ ᠪᠠᠢᠭᠰᠠᠨ ᠳᠣᠩᠪᠣ ᠲᠠᠢ ᠴᠠᠢ ᠶ᠋ᠢ ᠭᠡᠨᠡᠳᠲᠡ ᠳᠠᠭᠠᠭᠠᠬᠤ ᠶ᠋ᠢᠨ ᠠᠷᠭ᠎ᠠ ᠦᠭᠡᠢ ᠬᠦᠨᠳᠦ ᠪᠣᠯᠤᠭᠰᠠᠨ ᠶᠤᠮ ᠰᠢᠭ᠋᠂ ᠳᠣᠭᠣᠭᠰᠢ ᠨᠢ ᠭᠠᠵᠠᠷ ᠲᠠᠯᠪᠢᠭᠠᠳ᠂ ᠰᠢᠷᠴᠢᠨ ᠦ᠌ ᠥᠭᠡᠳᠡ ᠡᠴᠡ ᠨᠢᠳᠦ ᠪᠡᠨ ᠶᠡᠬᠡ ᠪᠡᠷ ᠬᠠᠷᠠᠵᠤ᠂  ᠲᠡᠩᠬᠡᠯ ᠲᠠᠮᠢᠷ ᠲᠠᠰᠤᠷᠠᠨ᠂  ᠳᠣᠭᠣᠭᠰᠢ ᠪᠠᠨ ᠰᠠᠭᠤᠭᠠᠳ᠂ ᠭᠡᠨᠡᠳᠲᠡ ᠬᠦᠰᠢᠴᠢᠭᠰᠡᠨ ᠤᠷᠤᠭᠤᠯ ᠠᠮᠠ ᠪᠠᠨ ᠠᠷᠠᠢ ᠭᠡᠵᠦ ᠬᠥᠳᠡᠯᠭᠡᠨ᠂ ᠬᠡᠭᠡᠷ᠎ᠡ ᠶ᠋ᠢᠨ ᠨᠣᠬᠠᠢ ᠁  ᠭᠡᠵᠦ ᠰᠢᠪᠡᠨᠡᠭᠡᠳ᠂ ᠨᠢᠯᠪᠤᠰᠤ ᠨᠢᠳᠦ ᠪᠦᠷᠬᠦᠵᠦ᠂  ᠬᠡᠯᠬᠢᠶ᠎ᠡ ᠲᠠᠰᠤᠷᠠᠭᠰᠠᠨ ᠰᠤᠪᠤᠳ ᠮᠡᠲᠦ ᠴᠤᠪᠤᠷᠢᠨ ᠤᠨᠠᠪᠠ᠃ 
    —  ᠬᠡᠭᠡᠷ᠎ᠡ ᠶ᠋ᠢᠨ ᠨᠣᠬᠠᠢ ᠁ ᠭᠡᠵᠦ ᠳᠠᠪᠲᠠᠨ ᠬᠡᠯᠡᠭᠡᠳ᠂ ᠠᠢ ᠲᠩᠷᠢ ᠪᠤᠷᠬᠠᠨ ᠮᠢᠨᠢ! ᠡᠷ᠎ᠡ ᠨᠥᠬᠥᠷ ᠢ᠋ ᠮᠢᠨᠢ ᠲᠠᠮᠠᠭ᠎ᠠ ᠶ᠋ᠢᠨ ᠭᠠᠵᠠᠷ ᠬᠣᠶᠠᠷ ᠬᠥᠯᠲᠦ ᠨᠣᠬᠠᠢ ᠢᠳᠡᠭᠡᠳ᠂ ᠤᠤᠭᠠᠨ ᠬᠦᠦ ᠶ᠋ᠢ ᠮᠢᠨᠢ ᠬᠡᠭᠡᠷ᠎ᠡ ᠶ᠋ᠢᠨ ᠳᠥᠷᠪᠡᠨ ᠬᠥᠯᠲᠦ ᠨᠣᠬᠠᠢ ᠢᠳᠡᠵᠦ ᠣᠷᠬᠢᠬᠤ᠂ ᠠᠯᠢ ᠨᠠᠰᠤᠨ ᠳ᠋ᠠᠭᠠᠨ ᠬᠢᠭᠰᠡᠨ ᠦᠢᠯᠡ ᠮᠢᠨᠢ ᠪᠢᠯᠡ? ᠢᠳᠡᠪᠡᠯ᠂ ᠬᠡᠭᠡᠷ᠎ᠡ ᠶ᠋ᠢᠨ ᠨᠣᠬᠠᠢ᠂ ᠮᠠᠭᠤ ᠵᠠᠶᠠᠭᠠᠲᠤ ᠮᠢᠨᠦ ᠬᠠᠷ᠎ᠠ ᠲᠣᠯᠣᠭᠠᠢ ᠶ᠋ᠢ ᠢᠳᠡᠬᠦ ᠶ᠋ᠢ ᠶᠠᠭᠠᠬᠢᠯ᠎ᠠ? ᠭᠡᠵᠦ ᠲᠣᠯᠣᠭᠠᠢ ᠪᠠᠨ ᠬᠣᠶᠠᠷ ᠭᠠᠷ ᠢ᠋ᠶ᠋ᠠᠷ ᠢ᠋ᠶ᠋ᠠᠨ ᠰᠢᠭᠠᠵᠤ᠂ ᠨᠠᠮ  ᠳᠠᠭᠤᠨ ᠢ᠋ᠶ᠋ᠠᠷ ᠭᠠᠰᠠᠯᠤᠨ ᠳᠠᠭᠤᠳᠠᠬᠤ ᠶ᠋ᠢ ᠦᠵᠡᠭᠡᠳ᠂ ᠰᠢᠷᠴᠢᠨ ᠦ᠌ ᠵᠢᠷᠦᠬᠡ ᠬᠢᠲᠤᠭᠠᠯᠠᠬᠤ ᠠᠳᠠᠯᠢ ᠡᠪᠡᠳᠴᠦ᠂ ᠤᠤᠭᠠᠨ ᠬᠦᠦ ᠪᠡᠨ ᠠᠯᠳᠠᠭᠰᠠᠨ ᠡᠬᠡ ᠶ᠋ᠢᠨ ᠡᠯᠢᠭᠡ ᠵᠢᠷᠦᠬᠡ ᠡᠮᠲᠡᠷᠡᠨ ᠭᠠᠰᠠᠯᠬᠤ ᠳ᠋ᠤ᠌ ᠂ ᠰᠡᠳᠬᠢᠯ ᠦ᠋ᠨ ᠵᠣᠪᠠᠯᠠᠩ ᠢ᠋ ᠨᠢᠮᠭᠡᠷᠡᠭᠦᠯᠬᠦ ᠦᠭᠡ ᠣᠯᠵᠤ ᠶᠠᠳᠠᠨ᠂ ᠳᠡᠮᠡᠢ ᠯᠡ ᠬᠠᠷ᠎ᠠ ᠪᠦᠯᠡᠬᠡ ᠵᠠᠯᠭᠢᠭᠰᠠᠨ ᠶᠤᠮ ᠰᠢᠭ᠋(ᠲᠠᠩᠰᠤᠭ ᠤ᠋ᠨ ᠨᠢᠳᠦᠨ ᠦ᠌ ᠨᠢᠯᠪᠤᠰᠤ᠂ ᠲᠣᠰᠣ ᠪᠣᠯᠤᠭᠰᠠᠨ ᠬᠠᠭᠤᠴᠢᠨ  ᠳᠡᠪᠡᠯ ᠦ᠋ᠨ ᠬᠣᠷᠮᠣᠢ ᠳᠡᠭᠡᠭᠦᠷ ᠬᠡᠯᠬᠢᠶ᠎ᠡ ᠲᠠᠰᠤᠷᠠᠭᠰᠠᠨ ᠰᠤᠪᠤᠳ ᠠᠳᠠᠯᠢ ᠪᠥᠮᠪᠥᠷᠢᠨ ᠭᠠᠵᠠᠷ ᠤᠨᠠᠬᠤ ᠶ᠋ᠢ ᠬᠠᠷᠠᠵᠤ) ᠰᠠᠭᠤᠪᠠ᠃  
       ᠲᠡᠭᠡᠲᠡᠯ᠎ᠡ᠂ ᠲᠠᠩᠰᠤᠭ ᠭᠡᠨᠡᠳᠲᠡ ᠤᠬᠠᠭᠠᠨ ᠣᠷᠣᠵᠤ᠂ ᠰᠡᠳᠬᠢᠯ ᠢ᠋ ᠬᠠᠲᠠᠭᠤᠵᠢᠨ᠂ ᠤᠬᠢᠯᠠᠬᠤ ᠶ᠋ᠢ ᠵᠣᠭᠰᠣᠵᠤ᠂ ᠨᠢᠯᠪᠤᠰᠤ ᠪᠠᠨ ᠠᠷᠴᠢᠭᠠᠳ᠂ ᠴᠠᠢ ᠶ᠋ᠢᠨ ᠳᠡᠭᠡᠵᠢ ᠶ᠋ᠢ ᠰᠢᠨᠠᠭᠠᠨ ᠳ᠋ᠠᠭᠠᠨ( ᠳ᠋ᠤ᠌ ᠪᠠᠨ) ᠬᠢᠵᠦ᠂ ᠡᠷᠲᠡᠨ ᠦ᠌ ᠪᠥᠬᠡ ᠶ᠋ᠢᠨ ᠵᠠᠩᠰᠢᠯ ᠤᠯᠠᠮᠵᠢᠯᠠᠯ ᠢ᠋ᠶ᠋ᠠᠷ ᠡᠴᠢᠭᠡ ᠪᠣᠯᠤᠭᠰᠠᠨ ᠬᠥᠬᠡ ᠮᠦᠩᠭᠡᠨ ᠲᠡᠭᠷᠢ᠂ ᠡᠬᠡ ᠪᠣᠯᠤᠭᠰᠠᠨ ᠡᠳᠦᠭᠡᠨ ᠳᠡᠯᠡᠬᠡᠢ ᠳ᠋ᠦ᠍ ᠡᠷᠭᠦᠬᠦ ᠪᠡᠷ ᠭᠠᠳᠠᠭᠰᠢ ᠭᠠᠷᠤᠭᠠᠳ᠂ ᠭᠡᠷ ᠲᠡᠭᠡᠨ( ᠲᠤ ᠪᠡᠨ )ᠣᠷᠣᠵᠤ ᠢᠷᠡᠩᠭᠦᠲᠡ᠂ ᠪᠤᠷᠬᠠᠨ ᠤ᠋ ᠡᠮᠦᠨᠡᠬᠢ ᠵᠡᠰ ᠴᠥᠭᠦᠴᠡᠨ ᠳ᠋ᠦ᠍ ᠳᠡᠭᠡᠵᠢ ᠡᠷᠭᠦᠵᠦ᠂ ᠰᠢᠷᠴᠢᠨ ᠦ᠌ ᠡᠮᠦᠨ᠎ᠡ ᠳᠠᠭᠤ ᠦᠭᠡᠢ᠂ ᠳᠣᠩᠪᠣ ᠲᠠᠢ ᠴᠠᠢ᠂ ᠲᠠᠪᠠᠭ ᠲᠠᠢ ᠠᠭᠠᠷᠤᠤᠯ ᠬᠤᠷᠤᠳ ᠲᠠᠯᠪᠢᠪᠠ᠃  
       ᠰᠢᠷᠴᠢᠨ ᠦ᠌ ᠬᠣᠭᠣᠯᠠᠢ ᠵᠠᠩᠭᠢᠷᠠᠭᠠᠳ ᠴᠠᠢ ᠶ᠋ᠢ ᠤᠤᠭᠤᠵᠤ ᠴᠢᠳᠠᠭᠰᠠᠨ ᠦᠭᠡᠢ᠃ ᠲᠠᠩᠰᠤᠭ ᠭᠠᠰᠢᠭᠤᠨ ᠢ᠋ᠶ᠋ᠠᠷ ᠰᠡᠭᠦᠷᠡᠰᠦ ᠠᠯᠳᠠᠵᠤ᠂ ᠭᠠᠳᠠᠨ᠎ᠠ ᠶ᠋ᠢᠨ ᠬᠥᠮᠦᠨ ᠦ᠌ ᠳᠡᠷᠭᠡᠳᠡ ᠨᠢᠳᠦᠨ ᠦ᠌ ᠨᠢᠯᠪᠤᠰᠤ ᠶ᠋ᠢ ᠪᠠᠷᠢᠵᠤ᠂  
       — ᠬᠦᠦ ᠶ᠋ᠢᠨ ᠢ᠋ᠶ᠋ᠡᠨ ᠶᠠᠰᠤ ᠶ᠋ᠢ ᠦᠵᠡᠳᠡᠭ ᠪᠣᠯᠤᠭᠠᠰᠠᠢ ᠭᠡᠪᠡ᠃ 
       — ᠦᠵᠡᠬᠦ ᠪᠡᠷ ᠶᠠᠭᠤᠮ᠎ᠠ ᠦᠯᠡᠳᠡᠭᠰᠡᠨ ᠦᠭᠡᠢ᠃ ᠲᠣᠯᠣᠭᠠᠢ᠂ ᠥᠷᠥᠭᠡᠰᠦᠨ ᠬᠥᠯ ᠭᠠᠷ ᠬᠣᠶᠠᠷ ᠯᠠ ᠪᠠᠢᠨ᠎ᠠ ᠪᠢᠯᠡ᠃ ᠪᠢ ᠰᠠᠨᠠᠮᠰᠠᠷ ᠦᠭᠡᠢ ᠶᠠᠪᠤᠵᠤ ᠶᠠᠪᠤᠭᠰᠠᠭᠠᠷ᠂ ᠳᠡᠭᠡᠷ᠎ᠡ ᠨᠢ ᠬᠦᠷᠴᠦ ᠢᠷᠡᠭᠰᠡᠨ ᠪᠢᠯᠡ ᠭᠡᠬᠦ ᠳ᠋ᠦ᠍᠂ 
       — ᠲᠠ ᠨᠠᠳᠠᠳᠤ ᠲᠡᠷᠡ ᠭᠠᠵᠠᠷ ᠵᠢᠭᠠᠵᠤ ᠥᠭᠳᠡᠭ ᠪᠣᠯᠪᠠᠯ ᠶᠠᠭᠤ ᠪᠢᠯᠡ᠂ ᠬᠣᠯᠠ ᠶᠤᠮ ᠪᠢᠯᠢᠤ(ᠪᠢᠯᠡ ᠤᠤ)? ᠭᠡᠬᠦ ᠳ᠋ᠦ᠍ᠨᠢ( ᠳ᠋ᠦ᠍ ᠨᠢ)᠂ 
       — ᠬᠣᠶᠠᠷ ᠴᠠᠢ ᠴᠢᠨᠠᠬᠤ ᠵᠠᠭᠤᠷ᠎ᠠ ᠬᠦᠷᠴᠦ ᠪᠣᠯᠤᠨ᠎ᠠ ᠭᠡᠯ᠎ᠡ᠃  
       — ᠲᠡᠢᠮᠦ ᠪᠣᠯᠪᠠᠯ᠂ ᠲᠠ ᠨᠠᠳᠠᠳᠤ(ᠨᠠᠳᠠ ᠳ᠋ᠤ᠌) ᠵᠢᠭᠠᠵᠤ ᠥᠭᠭᠦᠨᠡᠦ (ᠥᠭᠭᠦᠨ᠎ᠡ ᠤᠤ) ? ᠭᠡᠵᠦ ᠭᠤᠶᠤᠬᠤ ᠳ᠋ᠤᠨᠢ(ᠳ᠋ᠤ᠌ ᠨᠢ)᠂  
       — ᠵᠠ ᠭᠡᠵᠦ ᠵᠥᠪᠰᠢᠶᠡᠷᠡᠵᠡᠢ᠃ 
       ᠬᠣᠶᠠᠷ ᠬᠡᠦᠬᠡᠳ ᠢ᠋ᠶ᠋ᠡᠨ ᠶᠠᠭᠤᠮ᠎ᠠ ᠢᠳᠡᠭᠦᠯᠦᠭᠡᠳ᠂ ᠬᠣᠲᠠᠯᠠᠭᠰᠠᠨ ᠠᠷᠪᠠᠭᠠᠳ ᠬᠣᠨᠢ ᠢᠮᠠᠭ᠎ᠠ ᠪᠠᠨ ᠨᠠᠷᠠ ᠭᠠᠷᠤᠭᠰᠠᠨ ᠬᠣᠢᠨ᠎ᠠ ᠠᠭᠤᠯᠠ ᠥᠭᠡᠳᠡ ᠪᠡᠯᠴᠢᠭᠡᠭᠡᠷᠡᠢ ᠭᠡᠵᠦ ᠵᠠᠬᠢᠭᠠᠳ᠂ ᠭᠠᠭᠴᠠ ᠲᠡᠮᠡᠭᠡ ᠪᠡᠨ ᠤᠨᠤᠵᠤ᠂ ᠰᠢᠷᠴᠢᠨ ᠢ᠋ ᠳᠠᠭᠠᠯᠳᠤᠨ᠂ ᠥᠨᠥᠬᠢ ᠭᠠᠵᠠᠷ ᠲᠤᠨᠢ ( ᠲᠤ ᠨᠢ)  ᠣᠴᠢᠯᠴᠠᠪᠠ᠃ ᠳᠣᠪᠣᠴᠠᠭ ᠲᠤᠯᠤᠭᠠᠳ ᠪᠣᠯᠤᠭᠰᠠᠨ ᠲᠠᠯ᠎ᠠ ᠶ᠋ᠢᠨ ᠭᠦᠨ ᠳ᠋ᠦ᠍ ᠣᠷᠣᠭᠠᠳ᠂ ᠰᠢᠷᠴᠢᠨ ᠨᠢᠭᠡᠨ ᠨᠠᠮᠬᠠᠨ ᠳᠣᠪᠣ ᠵᠢᠭᠠᠵᠤ ᠲᠡᠷᠡ! ᠭᠡᠪᠡ᠃ ᠲᠠᠩᠰᠤᠭ᠂ ᠬᠦᠦ ᠶ᠋ᠢᠨ ᠶᠠᠰᠤᠨ ᠳᠡᠭᠡᠷ᠎ᠡ ᠢᠷᠡᠭᠡᠳ᠂ ᠲᠡᠮᠡᠭᠡᠨ ᠡᠴᠡ ᠭᠤᠯᠭᠤᠨ ᠪᠠᠭᠤᠵᠤ᠂ ᠠᠶᠠᠷᠬᠠᠨ᠂ ᠬᠦᠦ ᠶ᠋ᠢᠨ ᠲᠣᠯᠣᠭᠠᠢ ᠶ᠋ᠢᠨ ᠡᠮᠦᠨ᠎ᠡ ᠰᠥᠭᠥᠳᠴᠦ᠂ ᠲᠡᠷᠡ ᠬᠠᠲᠠᠭᠤ ᠬᠠᠷᠭᠢᠰ ᠰᠡᠳᠬᠢᠯ ᠲᠡᠢ ᠯᠠᠮᠠ ᠶ᠋ᠢᠨ ᠵᠣᠲᠣᠭᠣᠷ ᠤ᠋ᠨ ᠣᠷᠣᠮ ᠰᠣᠷᠪᠢ᠂ ᠣᠪᠣᠭᠣᠷ ᠳᠣᠪᠣᠭᠣᠷ ᠢ᠋ ᠨᠢ ᠡᠪᠡᠳᠦᠭᠦᠵᠡᠢ ᠭᠡᠰᠡᠨ ᠠᠳᠠᠯᠢ᠂ ᠭᠠᠷ ᠢ᠋ᠶ᠋ᠠᠷ ᠢ᠋ᠶ᠋ᠠᠨ ᠵᠥᠭᠡᠯᠡᠬᠡᠨ ᠭᠡᠭᠴᠢ ᠪᠡᠷ ᠢᠯᠢᠨ ᠪᠠᠷᠢᠵᠤ ᠦᠵᠡᠭᠡᠳ᠂ ᠵᠡᠭᠦᠨ ᠬᠠᠴᠠᠷ ᠠ᠋ᠴᠠ ᠮᠠᠩᠨᠠᠢ ᠬᠦᠷᠲᠡᠯ᠎ᠡ ᠬᠦᠷᠡᠩ ᠵᠤᠷᠪᠤᠰ ᠪᠣᠯᠲᠠᠯ᠎ᠠ ᠰᠤᠷ ᠢ᠋ᠶ᠋ᠠᠷ  ᠴᠣᠬᠢᠭᠰᠠᠨ ᠣᠷᠣᠮ ᠢ᠋ ᠠᠶᠠᠷᠬᠠᠨ ᠭᠡᠭᠴᠢ ᠪᠡᠷ ᠲᠡᠮᠲᠡᠷᠢᠨ ᠪᠠᠷᠢᠵᠤ ᠦᠵᠡᠯ᠎ᠡ᠃ ᠣᠬᠢᠯᠠᠭᠰᠠ ᠨᠢᠯᠪᠤᠰᠤᠨ ᠳ᠋ᠠᠭᠠᠨ(ᠳ᠋ᠤ᠌ ᠪᠠᠨ) ᠬᠠᠯᠲᠠᠷ ᠪᠣᠯᠤᠭᠰᠠᠨ ᠡᠴᠡᠩᠭᠢᠷ ᠨᠢᠭᠤᠷ ᠲᠠᠭᠠᠨ ᠮᠠᠰᠢ ᠵᠣᠪᠠᠨ ᠡᠨᠡᠯᠦᠭᠰᠡᠨ ᠪᠠᠢᠳᠠᠯ ᠰᠢᠩᠭᠡᠭᠰᠡᠨ ᠬᠦᠦ ᠶ᠋ᠢᠨ ᠠᠮᠢ ᠦᠭᠡᠢ ᠲᠣᠯᠣᠭᠠᠢ ᠶ᠋ᠢ ᠠᠮᠢᠳᠤ ᠪᠠᠢᠭ᠎ᠠ ᠶᠤᠮ ᠰᠢᠭ᠋᠂ ᠭᠠᠰᠢᠭᠤᠳᠠᠨ ᠭᠣᠮᠣᠳᠠᠬᠤ ᠡᠨᠡᠯᠦᠯᠲᠡ ᠦᠭᠡ ᠪᠡᠨ ᠬᠡᠯᠡᠵᠦ᠂ 
       —《ᠬᠥᠭᠡᠷᠥᠬᠡᠢ ᠮᠢᠨᠢ ᠳᠡ! ᠮᠢᠨᠦ ᠤᠬᠠᠭᠠᠨ ᠦᠭᠡᠢ ᠡᠴᠡ ᠪᠣᠯᠵᠤ᠂ ᠬᠡᠴᠢᠨᠡᠨ ᠭᠠᠰᠢᠭᠤᠨ ᠵᠣᠪᠠᠯᠠᠩ ᠠᠮᠰᠠᠪᠠ ᠳᠠ᠂ ᠴᠢ ᠮᠢᠨᠢ! ᠮᠠᠭᠤ ᠡᠬᠡ ᠴᠢᠨᠢ ᠤᠴᠢᠷ ᠮᠡᠳᠡᠬᠦ ᠦᠭᠡᠢ ᠡᠴᠡ ᠪᠡᠨ ᠪᠣᠯᠵᠤ᠂ ᠴᠢᠮᠠᠶ᠋ᠢ(ᠴᠢᠮ᠎ᠠ ᠶ᠋ᠢ) ᠪᠡᠨ ᠬᠦᠷᠡᠯ ᠴᠢᠯᠠᠭᠤᠨ ᠵᠢᠷᠦᠬᠡ ᠲᠡᠢ ᠬᠠᠷᠭᠢᠰ ᠯᠠᠮᠠ ᠳ᠋ᠤ᠌ ᠦᠢᠯᠡ ᠲᠠᠮᠤ ᠶ᠋ᠢ ᠴᠢᠨᠢ ᠡᠳ᠋ᠯᠡᠭᠦᠯᠦᠭᠰᠡᠨ ᠢ᠋ᠶ᠋ᠡᠨ ᠮᠡᠳᠡᠭᠰᠡᠨ ᠦᠭᠡᠢ᠃ ᠬᠠᠯᠠᠭ᠂ ᠬᠠᠯᠠᠭ!··· ᠠᠮᠰᠠᠵᠤ ᠥᠩᠭᠡᠷᠡᠭᠦᠯᠦᠭᠰᠡᠨ ᠲᠡᠷᠡ ᠮᠠᠭᠤᠬᠠᠢ ᠵᠣᠪᠠᠯᠠᠩ ᠴᠢᠨᠢ᠂ ᠮᠢᠨᠦ ᠬᠠᠷ᠎ᠠ ᠲᠣᠯᠣᠭᠠᠢ ᠳ᠋ᠤ᠌ ᠲᠤᠰᠬᠤ ᠨᠢ ᠶᠠᠭᠠᠬᠢᠯ᠎ᠠ!》
       ᠡᠩᠬᠦᠷᠡᠢ ᠬᠠᠢᠷᠠᠲᠠᠢ ᠬᠡᠦᠬᠡᠨ ᠬᠣᠩᠭᠣᠷ ᠦᠷ᠎ᠡ ᠮᠢᠨᠢ ᠳᠡ! ᠮᠢᠨᠦ ᠤᠬᠠᠭᠠᠨ ᠮᠠᠭᠤ ᠲᠠᠢ ᠠ᠋ᠴᠠ ᠪᠣᠯᠵᠤ᠂ ᠬᠡᠴᠢᠨᠡᠨ ᠨᠢᠰᠦ ᠨᠢᠯᠪᠤᠰᠤ ᠴᠢᠰᠤ ᠨᠥᠵᠢ ᠪᠡᠨ ᠤᠷᠤᠰᠬᠠᠪᠠ ᠳᠠ᠂ ᠴᠢ ᠮᠢᠨᠢ! ᠲᠡᠨᠡᠭ ᠡᠬᠡ ᠴᠢᠨᠢ ᠮᠤᠩᠬᠠᠭ ᠠ᠋ᠴᠠ ᠪᠠᠨ ᠪᠣᠯᠵᠤ᠂ ᠴᠢᠮᠠᠶ᠋ᠢ(ᠴᠢᠮ᠎ᠠ ᠶ᠋ᠢ) ᠪᠡᠨ ᠬᠥᠮᠦᠨ ᠦ᠌ ᠬᠠᠷᠭᠢᠰ ᠬᠠᠲᠠᠭᠤ ᠭᠠᠷ ᠲᠤ᠌ ᠥᠭᠴᠦ᠂ ᠲᠠᠮᠤ ᠶ᠋ᠢᠨ ᠵᠣᠪᠠᠯᠠᠩ ᠡᠳ᠋ᠯᠡᠭᠦᠯᠦᠭᠰᠡᠨ ᠢ᠋ᠶ᠋ᠡᠨ ᠮᠡᠳᠡᠭᠰᠡᠨ ᠦᠭᠡᠢ᠃ ᠬᠠᠯᠠᠭ᠂ ᠬᠠᠯᠠᠭ! ᠲᠤᠭᠤᠯᠵᠤ ᠭᠠᠷᠤᠭᠰᠠᠨ ᠲᠡᠷᠡ ᠪᠡᠷᠬᠡ ᠵᠣᠪᠠᠯᠠᠩ ᠴᠢᠨᠢ ᠮᠢᠨᠦ ᠬᠠᠷ᠎ᠠ ᠲᠣᠯᠣᠭᠠᠢ ᠳ᠋ᠤ᠌ ᠲᠤᠰᠬᠤ ᠨᠢ ᠶᠠᠭᠠᠬᠢᠯ᠎ᠠ! 
       ᠬᠠᠢᠷᠠᠲᠠᠢ ᠬᠣᠩᠭᠣᠷ ᠬᠦᠦ ᠮᠢᠨᠢ ᠳᠡ! ᠴᠢᠮᠠᠶ᠋ᠢ(ᠴᠢᠮ᠎ᠠ ᠶ᠋ᠢ) ᠪᠡᠨ ᠲᠡᠷᠡ ᠮᠢᠬᠠᠴᠢᠨ ᠯᠠᠮᠠ ᠳ᠋ᠤ᠌ ᠨᠢᠰᠦ᠂ ᠨᠢᠯᠪᠤᠰᠤ ᠪᠠᠷ ᠢ᠋ᠶ᠋ᠠᠨ ᠨᠢᠭᠤᠷ ᠢ᠋ᠶ᠋ᠠᠨ ᠤᠬᠢᠶᠠᠵᠤ᠂ ᠵᠣᠲᠣᠭᠣᠷ ᠨᠦᠳᠦᠭᠦᠷ ᠢ᠋ᠶ᠋ᠡᠷ ᠬᠣᠭᠣᠯᠠ ᠬᠢᠵᠦ ᠰᠠᠭᠤᠬᠤ ᠳ᠋ᠤ᠌ ᠴᠢᠨᠢ᠂ ᠤᠬᠠᠭᠠᠨ ᠮᠠᠭᠤᠲᠠᠢ ᠡᠬᠡ ᠴᠢᠨᠢ᠂ ᠬᠦᠦ ᠪᠡᠨ ᠣᠷᠣᠨ ᠬᠡᠢᠳ ᠦ᠋ᠨ ᠭᠠᠵᠠᠷ ᠱᠠᠪᠢᠯᠠᠩᠬᠠᠨ ᠰᠠᠭᠤᠵᠤ᠂ ᠡᠷᠳᠡᠮ ᠲᠡᠢ ᠨᠣᠮ ᠲᠠᠢ ᠬᠥᠮᠦᠨ ᠪᠣᠯᠬᠤ ᠨᠢ ᠭᠡᠵᠦ ᠪᠡᠶ᠎ᠡ ᠪᠡᠨ ᠬᠠᠭᠤᠷᠴᠤ᠂ ᠴᠢᠮᠠᠶ᠋ᠢ (ᠴᠢᠮ᠎ᠠ ᠶ᠋ᠢ) ᠪᠡᠨ ᠲᠠᠮᠤᠯᠠᠭᠤᠯᠵᠤ ᠪᠠᠢᠭᠰᠠᠨ ᠶᠤᠮ ᠪᠠᠢᠵᠤ ᠯᠠ ᠳᠠ᠂ ᠠ᠋ ᠬᠠᠯᠠᠭ ᠮᠢᠨᠢ᠂ ᠬᠠᠯᠠᠭ ᠮᠢᠨᠢ! 
       ᠠᠯᠠᠭ᠎ᠠ ᠶ᠋ᠢᠨ ᠴᠢᠨᠡᠭᠡ ᠠᠯᠠᠭ ᠦᠷ᠎ᠡ ᠮᠢᠨᠢ ᠳᠡ! ᠴᠢᠮᠠᠶ᠋ᠢ (ᠴᠢᠮ᠎ᠠ ᠶ᠋ᠢ) ᠪᠡᠨ ᠲᠡᠷᠡ ᠬᠠᠷᠭᠢᠰ ᠮᠠᠭᠤᠬᠠᠢ ᠯᠠᠮᠠ ᠶ᠋ᠢᠨ ᠳ᠋ᠦ᠍ ᠤᠯᠠᠭᠠᠨ ᠨᠢᠭᠤᠷ ᠢ᠋ᠶ᠋ᠠᠨ ᠪᠦᠯᠢᠶᠡᠨ ᠴᠢᠰᠤ ᠪᠠᠷ  ᠢ᠋ᠶ᠋ᠠᠨ ᠤᠬᠢᠶᠠᠵᠤ᠂ ᠵᠣᠲᠣᠭᠣᠷ ᠢ᠋ᠶ᠋ᠠᠷ ᠥᠯ ᠵᠠᠯᠭᠠᠵᠤ ᠰᠠᠭᠤᠬᠤ ᠳ᠋ᠤ᠌ ᠴᠢᠨᠢ᠂ ᠵᠠᠶᠠᠭ᠎ᠠ ᠦᠭᠡᠢ ᠮᠠᠭᠤ ᠡᠬᠡ ᠴᠢᠨᠢ᠂ ᠬᠡᠢᠳ ᠲᠦ᠍ ᠱᠠᠪᠢᠯᠠᠩᠬᠠᠨ ᠰᠠᠭᠤᠭᠰᠠᠨ ᠬᠣᠩᠭᠣᠷ ᠦᠷ᠎ᠡ ᠮᠢᠨᠢ᠂ ᠬᠤᠸᠠᠷᠠᠭ ᠣᠯᠠᠨ ᠤ᠋ ᠪᠤᠶᠠᠨ ᠢ᠋ᠶ᠋ᠠᠷ ᠬᠣᠭᠣᠯᠠ ᠤᠮᠳᠠ᠂ ᠬᠤᠪᠴᠠᠰᠤ ᠬᠤᠨᠠᠷ ᠢ᠋ᠶ᠋ᠠᠷ ᠳᠤᠲᠠᠭ᠎ᠠ ᠦᠭᠡᠢ᠂ ᠭᠡᠷ ᠳᠤᠯᠠᠭᠠᠨ᠂ ᠭᠡᠳᠡᠰᠦ ᠴᠠᠳᠬᠤᠯᠠᠩ᠂ ᠮᠥᠷᠥ ᠪᠦᠲᠦᠨ᠂ ᠡᠷᠳᠡᠮ ᠢ᠋ᠶ᠋ᠡᠷ ᠴᠡᠭᠡᠵᠢ ᠪᠡᠨ ᠬᠠᠪᠲᠠᠰᠤᠯᠠᠵᠤ᠂ ᠡᠬᠡ ᠪᠣᠯᠤᠮᠠᠷ ᠨᠠᠮᠠᠶ᠋ᠢ(ᠨᠠᠮ᠎ᠠ ᠶ᠋ᠢ) ᠪᠡᠨ ᠭᠡᠢᠭᠦᠯᠦᠨ᠎ᠡ ᠭᠡᠵᠦ ᠮᠤᠩᠬᠠᠷᠠᠵᠤ᠂ ᠬᠡᠦᠬᠡᠨ ᠬᠣᠩᠭᠣᠷ ᠴᠢᠮᠠᠶ᠋ᠢ(ᠴᠢᠮ᠎ᠠ ᠶ᠋ᠢ) ᠪᠡᠨ ᠪᠢ ᠴᠢᠨᠢ᠂ ᠦᠬᠦᠯ ᠵᠣᠪᠠᠯᠠᠩ ᠳ᠋ᠤ᠌ ᠤᠴᠠᠷᠠᠭᠤᠯᠵᠤ ᠳᠠ᠂ ᠬᠠᠯᠠᠭ ᠮᠢᠨᠢ᠂ ᠬᠠᠯᠠᠭ ᠮᠢᠨᠢ! ᠭᠡᠵᠦ ᠡᠨᠡᠯᠦᠨ ᠰᠢᠨᠠᠯᠤᠨ ᠬᠠᠢᠯᠠᠵᠤ᠂ ᠠᠯᠴᠢᠭᠤᠷ ᠸᠠᠳᠠᠩ ᠳᠡᠪᠢᠰᠦᠭᠡᠳ᠂ ᠬᠦᠦ ᠶ᠋ᠢᠨ ᠲᠣᠯᠣᠭᠠᠢ᠂ ᠰᠤᠷ ᠢ᠋ᠶ᠋ᠠᠷ ᠲᠠᠰᠤ ᠣᠷᠢᠶᠠᠯᠭᠠᠭᠰᠠᠨ᠂ ᠬᠥᠬᠡ ᠡᠷᠢᠶᠡᠨ ᠣᠷᠣᠮᠲᠠᠢ ᠥᠷᠥᠭᠡᠰᠦᠨ ᠭᠠᠷ᠂ ᠬᠠᠭᠤᠴᠢᠨ ᠭᠤᠲᠤᠯ ᠲᠠᠢ ᠲᠠᠰᠤ ᠢᠳᠡᠭᠦᠯᠦᠭᠰᠡᠨ ᠥᠷᠥᠭᠡᠰᠦᠨ ᠬᠥᠯ ᠢ᠋ ᠨᠢ ᠮᠠᠯᠠᠭᠠᠢ ᠲᠠᠢ ᠨᠢ ᠴᠢᠨᠣ᠎ᠠ ᠶ᠋ᠢᠨ ᠬᠤᠷᠴᠠ ᠰᠢᠳᠦᠨ ᠳ᠋ᠦ᠍ ᠲᠠᠰᠤ ᠬᠠᠵᠠᠭᠤᠯᠤᠭᠰᠠᠨ ᠪᠦᠰᠡ ᠲᠡᠢ ᠨᠢ ᠸᠠᠳᠠᠩᠨᠠᠨ ᠪᠣᠭᠣᠵᠤ ᠠᠪᠤᠭᠠᠳ᠂ ᠠᠯᠠᠭ ᠦᠷ᠎ᠡ ᠶ᠋ᠢᠨ ᠢ᠋ᠶ᠋ᠡᠨ ᠶᠠᠰᠤ ᠶ᠋ᠢ ᠠᠪᠴᠤ ᠲᠡᠮᠡᠭᠡᠨ ᠳ᠋ᠦ᠍ ᠮᠣᠷᠳᠠᠭᠠᠳ᠂ ᠰᠢᠷᠴᠢᠨ ᠢ᠋ ᠳᠠᠭᠠᠭᠤᠯᠤᠭᠠᠳ᠂ ᠡᠮᠦᠨ᠎ᠡ ᠵᠦᠭ ᠲᠡᠭᠡᠨ( ᠲᠤ ᠪᠡᠨ) ᠪᠠᠯ ᠳᠡᠭᠡᠷ᠎ᠡ ᠪᠡᠨ ᠡᠷᠲᠡᠨ ᠦ᠌ ᠬᠢᠷᠭᠢᠰ ᠬᠡᠭᠦᠷ ᠦ᠋ᠨ ᠴᠢᠯᠠᠭᠤ ᠣᠪᠣᠭᠠᠯᠠᠭᠰᠠᠨ ᠪᠤᠯᠠᠰᠢ ᠲᠠᠢ ᠨᠢᠭᠡ ᠲᠣᠯᠣᠭᠠᠢ ᠶ᠋ᠢᠨ ᠣᠷᠣᠭᠰᠢ ᠪᠠᠨ ᠬᠠᠷᠠᠭᠰᠠᠨ ᠬᠤᠰᠢᠭᠤᠨ ᠳᠡᠭᠡᠷ᠎ᠡ ᠨᠢ ᠬᠦᠦ ᠶ᠋ᠢᠨ ᠶᠠᠰᠤ ᠶ᠋ᠢ ᠲᠠᠯᠪᠢᠬᠤ ᠭᠡᠵᠦ᠂ 
       — ᠮᠢᠨᠦ ᠬᠦᠦ ᠶ᠋ᠢ ᠡᠨᠳᠡ ᠣᠷᠣᠰᠢᠭᠤᠯᠬᠤ ᠳ᠋ᠤ᠌ ᠰᠠᠢᠬᠠᠨ ᠭᠠᠵᠠᠷ ᠪᠠᠢᠨ᠎ᠠ᠃ ᠡᠪᠦᠭᠡᠳ ᠬᠠᠭᠤᠴᠢᠳ ᠤ᠋ᠨ ᠦᠭᠡᠨ ᠳ᠋ᠦ᠍᠂ ᠥᠩᠭᠡᠷᠡᠭᠰᠡᠨ ᠬᠥᠮᠦᠨ ᠢ᠋ ᠥᠨᠳᠥᠷ ᠦ᠋ᠨ ᠥᠯᠥᠭᠡᠢ ᠲᠠᠯ᠎ᠠ ᠶ᠋ᠢ ᠢᠰᠬᠦᠯᠦᠭᠦᠯᠦᠨ ᠲᠠᠯᠪᠢᠬᠤ ᠭᠡᠳᠡᠭ ᠰᠠᠨ᠃ ᠬᠦᠦ ᠶ᠋ᠢᠨ ᠢ᠋ᠶ᠋ᠡᠨ ᠶᠠᠰᠤ ᠶ᠋ᠢ ᠡᠨᠡ ᠭᠠᠵᠠᠷ ᠲᠠᠯᠪᠢᠨ᠎ᠠ᠃ ᠬᠣᠢᠨ᠎ᠠ ᠠ᠋ᠴᠠ ᠨᠢ ᠪᠤᠶᠠᠨ ᠨᠣᠮ ᠬᠢᠬᠦ ᠭᠡᠵᠦ ᠪᠢ ᠲᠡᠷᠡ ᠬᠡᠢᠳ ᠲᠦ᠍ ᠣᠴᠢᠬᠤ ᠦᠭᠡᠢ᠃ ᠪᠤᠷᠬᠠᠨ ᠲᠩᠷᠢ ᠪᠠᠢᠳᠠᠭ ᠯᠠ ᠶᠤᠮ ᠪᠣᠯ᠂ ᠡᠯᠢᠭᠡ ᠵᠢᠷᠦᠬᠡ ᠪᠡᠨ ᠡᠮᠲᠡᠷᠡᠨ ᠭᠠᠰᠢᠭᠤᠳᠠᠵᠤ ᠪᠠᠢᠭ᠎ᠠ ᠡᠬᠡ ᠶ᠋ᠢᠨ ᠠᠮᠠ ᠠ᠋ᠴᠠ ᠭᠠᠷᠴᠤ ᠪᠠᠢᠭ᠎ᠠ ᠴᠢᠩ ᠵᠠᠯᠪᠠᠷᠢᠯ ᠨᠢ᠂ ᠮᠢᠨᠦ ᠬᠦᠦ ᠶ᠋ᠢ ᠦᠬᠦᠭᠦᠯᠦᠭᠰᠡᠨ ᠬᠠᠷᠭᠢᠰ ᠯᠠᠮᠠ ᠨᠠᠷ ᠤ᠋ᠨ ᠪᠤᠵᠠᠷ ᠠᠮᠠ ᠠ᠋ᠴᠠ ᠭᠠᠷᠬᠤ ᠤᠩᠰᠢᠯᠭ᠎ᠠ ᠠ᠋ᠴᠠ ᠠᠷᠢᠭᠤᠨ ᠪᠠᠢᠬᠤ ᠪᠢᠵᠡ᠃ ᠠᠯᠲᠠᠨ ᠰᠠᠪᠠ ᠴᠤ᠌ ᠪᠢ ᠯᠠᠮᠠ ᠨᠠᠷ ᠤ᠋ᠨ ᠪᠤᠵᠠᠷ ᠭᠠᠷ ᠢ᠋ᠶ᠋ᠠᠷ ᠲᠠᠲᠠᠭᠤᠯᠬᠤ ᠦᠭᠡᠢ* ᠭᠡᠵᠦ ᠭᠠᠩᠰᠠᠷᠠᠭᠰᠠᠨ ᠰᠡᠳᠬᠢᠯ ᠦ᠋ᠨ ᠡᠭᠦᠳᠡᠨ ᠡᠴᠡ ᠬᠡᠯᠡᠵᠡᠢ᠃  
       ᠭᠡᠷ ᠲᠡᠭᠡᠨ( ᠲᠤ ᠪᠡᠨ) ᠬᠦᠷᠴᠦ ᠢᠷᠡᠬᠦ ᠳ᠋ᠦ᠍ᠨᠢ( ᠳ᠋ᠦ᠍ ᠨᠢ) ᠪᠢᠴᠢᠬᠠᠨ ᠣᠯᠵᠠᠪᠠᠢ ᠪᠠᠶᠠᠷᠯᠠᠨ ᠤᠭᠲᠤᠵᠤ᠂ 
       — ᠡᠵᠢ ᠠ᠋᠂ ᠪᠢ ᠬᠣᠨᠢ ᠢᠮᠠᠭ᠎ᠠ ᠪᠠᠨ ᠲᠡᠷᠡ ᠡᠩᠭᠡᠷ ᠲᠦ᠍ ᠪᠡᠯᠴᠢᠭᠡᠭᠰᠡᠨ ᠭᠡᠵᠦ ᠠᠭᠤᠯᠠ ᠶ᠋ᠢᠨ ᠡᠩᠭᠡᠷ ᠲᠡᠰᠢ(ᠲᠡᠢᠰᠢ) ᠪᠠᠬᠠᠷᠬᠠᠨ ᠵᠢᠭᠠᠭᠠᠳ᠂ ᠡᠬᠡ ᠶ᠋ᠢᠨ ᠴᠢᠷᠠᠢ ᠳ᠋ᠠᠬᠢ ᠭᠤᠨᠢᠨ ᠭᠠᠰᠢᠭᠤᠳᠠᠬᠤ ᠪᠠᠢᠳᠠᠯ ᠪᠣᠢ ᠶ᠋ᠢ ᠠᠵᠢᠭᠯᠠᠵᠤ᠂ 
       — ᠡᠵᠢ ᠠ᠋᠂ ᠴᠢ ᠬᠠᠮᠢᠭ᠎ᠠ ᠣᠴᠢᠵᠤ᠂ ᠶᠠᠭᠤᠨ ᠳ᠋ᠤ᠌ ᠡᠢᠮᠦ ᠴᠢᠷᠠᠢ ᠲᠠᠢ ᠪᠣᠯᠵᠤ ᠢᠷᠡᠪᠡ? ᠭᠡᠬᠦ ᠳ᠋ᠦ᠍ᠨᠢ( ᠳ᠋ᠦ᠍ ᠨᠢ)᠂ 
       — ᠪᠢ ᠠᠬ᠎ᠠ ᠳ᠋ᠤ᠌ ᠴᠢᠨᠢ ᠣᠴᠢᠭᠠᠳ ᠢᠷᠡᠯ᠎ᠡ᠃ ᠠᠬ᠎ᠠ ᠴᠢᠨᠢ ᠪᠤᠷᠬᠠᠨ ᠪᠣᠯᠴᠢᠵᠡᠢ(ᠪᠣᠯᠴᠢᠬᠠᠵᠠᠢ)! ᠭᠡᠬᠦ ᠳ᠋ᠦ᠍ᠨᠢ(ᠳ᠋ᠦ᠍ ᠨᠢ) 
       — ᠠᠪᠤ᠂ ᠲᠠᠮᠠᠭ᠎ᠠ ᠶ᠋ᠢᠨ ᠭᠠᠵᠠᠷ ᠣᠴᠢᠭᠠᠳ ᠪᠤᠷᠬᠠᠨ ᠪᠣᠯᠤᠭᠰᠠᠨ ᠭᠡᠳᠡᠭ᠃ ᠠᠬ᠎ᠠ ᠬᠡᠢᠳ ᠣᠷᠣᠭᠠᠳ ᠪᠠᠰᠠ ᠪᠤᠷᠬᠠᠨ ᠪᠣᠯᠴᠢᠬᠠᠵᠠᠢ᠃ ᠡᠵᠢ᠂ ᠴᠢ ᠶᠠᠭᠤᠮᠠᠨ ᠳ᠋ᠤ᠌ ᠪᠢᠲᠡᠭᠡᠢ ᠶᠠᠪᠤ᠂ ᠶᠠᠪᠤᠭᠠᠳ ᠪᠠᠰᠠ ᠪᠤᠷᠬᠠᠨ ᠪᠣᠯᠴᠢᠬᠠᠪᠠᠯ ᠴᠢᠨᠢ ᠪᠢᠳᠡ ᠭᠡᠷ ᠲᠡᠭᠡᠨ( ᠲᠤ ᠪᠡᠨ) ᠭᠠᠭᠴᠠᠭᠠᠷ ᠢ᠋ᠶ᠋ᠠᠨ ᠶᠠᠭᠠᠬᠢᠵᠤ ᠪᠠᠢᠬᠤ ᠪᠣᠢ? ᠪᠢ ᠬᠥᠮᠦᠨ ᠢ᠋ ᠪᠤᠷᠬᠠᠨ ᠪᠣᠯᠬᠤ ᠳ᠋ᠤ᠌ ᠳᠤᠷ᠎ᠠ ᠦᠭᠡᠢ᠃ ᠪᠢ ᠡᠵᠢ ᠳ᠋ᠦ᠍ ᠪᠡᠨ ᠳᠤᠷᠠᠲᠠᠢ ᠭᠡᠵᠦ ᠲᠡᠷᠡ ᠵᠢᠭᠠᠯ ᠬᠦᠦ ᠶ᠋ᠢᠨ ᠬᠡᠦᠬᠡᠳᠯᠢᠭ ᠦᠭᠡ᠂ ᠬᠥᠭᠡᠷᠦᠬᠦᠢ ᠲᠡᠷᠡ ᠡᠬᠡ ᠶ᠋ᠢᠨ ᠭᠡᠨᠡᠳᠲᠡ ᠳᠠᠭᠠᠷᠢᠭᠰᠠᠨ ᠠᠶᠤᠯ ᠵᠣᠪᠠᠯᠠᠩ ᠢ᠋ ᠰᠡᠳᠬᠢᠯ ᠬᠠᠲᠠᠮᠵᠢᠯᠠᠨ ᠲᠡᠰᠪᠦᠷᠢᠯᠡᠵᠦ ᠪᠠᠢᠭ᠎ᠠ ᠳ᠋ᠤ᠌ ᠰᠢᠷᠴᠢᠨ ᠶᠡᠬᠡᠯ᠎ᠡ(ᠶᠡᠬᠡ ᠯᠡ) ᠦᠷᠦ ᠡᠪᠡᠳᠴᠦ᠂ 
       — ᠴᠡᠷᠡᠨ ᠪᠢᠳᠡ ᠬᠣᠶᠠᠷ᠂ ᠲᠠᠨᠠᠷ(ᠲᠠ ᠨᠠᠷ) ᠢ᠋ ᠮᠠᠨᠠᠢ(ᠮᠠᠨ ᠤ᠋) ᠲᠡᠨᠳᠡ ᠨᠡᠭᠦᠵᠦ ᠣᠴᠢᠪᠠᠯ ᠶᠡᠬᠡ ᠯᠡ ᠳᠤᠷᠠᠲᠠᠢ ᠪᠠᠢᠬᠤ ᠶᠤᠮ ᠰᠠᠨ᠃ ᠪᠢ ᠬᠣᠶᠠᠷ ᠭᠤᠷᠪᠠᠨ ᠬᠣᠨᠣᠭ ᠠ᠋ᠴᠠ ᠬᠡᠳᠦᠨ ᠲᠡᠮᠡᠭᠡ ᠠᠪᠴᠢᠷᠠᠵᠤ᠂ ᠮᠠᠨ ᠤ᠋ ᠤᠷᠤᠭᠤ ᠨᠡᠭᠦᠯᠭᠡᠵᠦ ᠠᠪᠠᠴᠢᠶ᠎ᠠ ᠭᠡᠬᠦ ᠳ᠋ᠦ᠍ᠨᠢ( ᠳ᠋ᠦ᠍ ᠨᠢ )ᠲᠠᠩᠰᠤᠭ ᠥᠴᠢᠷᠦᠨ᠄ 
       — ᠣᠷᠴᠢᠯᠠᠩ ᠳ᠋ᠤ᠌ ᠬᠣᠨᠵᠢᠭᠳᠠᠭᠰᠠᠨ ᠪᠢᠳᠡᠨ ᠢ᠋ ᠦᠷᠦ ᠡᠪᠡᠳᠬᠦ ᠲᠠ ᠨᠠᠷ ᠶᠠᠭᠤᠲᠠᠢ ᠰᠠᠢᠬᠠᠨ ᠰᠡᠳᠬᠢᠯ ᠲᠡᠢ ᠤᠯᠤᠰ ᠪᠢᠯᠡ᠃ ᠲᠦᠪᠡᠭ ᠴᠢᠷᠦᠭᠳᠡᠯ ᠲᠠᠲᠠᠪᠠ ᠭᠡᠵᠦ ᠡᠰᠡ ᠪᠣᠳᠣᠪᠠᠯ ᠲᠠᠨᠢ᠂ ᠪᠢ ᠨᠡᠭᠦᠬᠦ ᠳᠤᠷᠠᠲᠠᠢ ᠪᠠᠢᠨ᠎ᠠ ᠭᠡᠬᠦ ᠳ᠋ᠦ᠍ᠨᠢ( ᠳᠦ ᠨᠢ)᠂ ᠶᠠᠭᠤᠨ ᠤ᠋ ᠲᠦᠪᠡᠭ᠂ ᠪᠢ ᠨᠡᠭᠦᠯᠭᠡᠭᠡᠳ ᠥᠭᠭᠦᠨ᠎ᠡ ᠭᠡᠳ ᠰᠢᠷᠴᠢᠨ ᠭᠡᠷ ᠦ᠋ᠨ ᠵᠦᠭ ᠮᠣᠷᠳᠠᠪᠠ᠃ ᠵᠠᠮ ᠤ᠋ᠨ ᠬᠠᠭᠠᠰ ᠲᠤ᠌ ᠡᠪᠦᠭᠡᠨ ᠬᠡᠭᠡᠷ᠎ᠡ ᠶ᠋ᠢᠨ ᠪᠣᠷᠣ ᠲᠠᠢ ᠠᠭᠤᠯᠵᠠᠪᠠ᠃ ᠲᠡᠷᠡ ᠭᠣᠣᠨᠢ* ᠡᠪᠦᠭᠡᠨ᠂ ᠲᠣᠮᠣ ᠴᠠᠭᠠᠨ ᠠᠳᠠ ᠤᠨᠤᠵᠤ᠂ ᠰᠡᠷᠡᠭᠡᠷ ᠡᠪᠡᠷ ᠲᠡᠢ ᠣᠭᠣᠨᠣ ᠵᠥᠪ ᠪᠥᠭᠲᠥᠷᠭᠡᠵᠦ (ᠪᠥᠭᠲᠥᠷᠢᠭᠡᠵᠦ)᠂ ᠰᠠᠷᠲᠠᠩ ᠴᠢᠬᠢ ᠲᠡᠢ ᠦᠨᠡᠭᠡ ᠪᠤᠷᠤᠭᠤ ᠪᠥᠭᠲᠦᠷᠭᠡᠵᠦ(ᠪᠥᠭᠲᠥᠷᠢᠭᠡᠵᠦ)᠂ ᠲᠡᠮᠦᠷ ᠬᠤᠢ ᠲᠠᠢ ᠬᠢᠲᠤᠭᠠᠨ ᠵᠢᠳᠠ ᠪᠥᠰᠡᠨ ᠳ᠋ᠡᠭᠡᠨ( ᠳ᠋ᠦ᠍ ᠪᠡᠨ) ᠵᠡᠭᠦᠵᠦ᠂ ᠬᠥᠯ ᠬᠢᠭᠰᠡᠨ ᠶᠠᠫᠣᠨ ᠫᠤᠤ ᠠᠮᠠ ᠪᠠᠷ ᠨᠢ ᠳᠣᠭᠣᠭᠰᠢ ᠬᠠᠷᠠᠭᠤᠯᠵᠤ ᠰᠦᠷ ᠪᠠᠳᠠᠷᠠᠭᠤᠯᠤᠨ ᠵᠡᠭᠦᠵᠡᠢ᠃ 
       ᠰᠢᠷᠴᠢᠨ ᠲᠡᠢ ᠠᠮᠤᠷ ᠮᠡᠨᠳᠦ ᠶ᠋ᠢ ᠬᠠᠷᠢᠯᠴᠠᠨ ᠠᠰᠠᠭᠤᠯᠴᠠᠭᠠᠳ᠂ ᠡᠪᠦᠭᠡᠨ ᠬᠣᠱᠣᠩᠨᠠᠨ ᠥᠭᠦᠯᠡᠷᠦᠨ᠄ 
       — ᠮᠠᠭᠤ ᠬᠠᠷ᠎ᠠ ᠣᠪᠣᠬᠠᠢ ᠳ᠋ᠠᠭᠠᠨ( ᠳ᠋ᠤ᠌ ᠪᠠᠨ) ᠭᠠᠯᠠᠢᠬᠠᠨ ᠡᠬᠡ ᠶ᠋ᠢ ᠲᠠᠬᠢᠵᠤ᠂ ᠤᠮᠠᠷ᠎ᠠ ᠵᠦᠭ ᠦ᠋ᠨ ᠬᠠᠷ᠎ᠠ ᠲᠣᠭᠮᠠᠭ ᠤ᠋ᠨ ᠭᠠᠵᠠᠷ ᠠ᠋ᠴᠠ ᠲᠡᠮᠡᠭᠡᠨ ᠦ᠌ ᠬᠡᠰᠢᠭ ᠬᠦᠷᠲᠡᠵᠦ᠂ ᠲᠡᠮᠦᠷ ᠠᠭᠤᠯᠠ ᠶ᠋ᠢᠨ ᠭᠠᠵᠠᠷ ᠠ᠋ᠴᠠ ᠬᠤᠷᠳᠤᠨ ᠫᠤᠤ᠂ ᠬᠤᠷᠴᠠ ᠢᠷᠲᠦ ᠬᠢᠲᠤᠭ᠎ᠠ ᠮᠡᠰᠡ ᠶ᠋ᠢᠨ ᠬᠡᠰᠢᠭ ᠬᠦᠷᠲᠡᠯ᠎ᠡ᠃ ᠶᠠᠩᠭᠢᠷᠴᠠᠭ ᠡᠮᠡᠭᠡᠯ ᠦ᠋ᠨ ᠢ᠋ᠶ᠋ᠡᠨ ᠭᠠᠨᠵᠤᠭ᠎ᠠ ᠲᠠᠬᠢᠵᠤ᠂ ᠰᠡᠷᠡᠭᠡᠷ ᠡᠪᠡᠷᠲᠦ ᠣᠭᠣᠨᠣ ᠶ᠋ᠢ ᠵᠥᠪ ᠪᠥᠭᠲᠥᠷᠭᠡᠵᠦ (ᠪᠥᠭᠲᠥᠷᠢᠭᠡᠵᠦ)᠂ ᠰᠡᠷᠲᠡᠩ ᠴᠢᠬᠢᠲᠦ ᠦᠨᠡᠭᠡ ᠶ᠋ᠢ ᠪᠤᠷᠤᠭᠤ ᠪᠥᠭᠲᠥᠷᠭᠡᠵᠦ (ᠪᠥᠭᠲᠥᠷᠢᠭᠡᠵᠦ)᠂ ᠣᠯᠵᠠ ᠲᠠᠢ ᠣᠮᠣᠭ ᠲᠠᠢ ᠶᠠᠪᠤᠵᠤ ᠶᠠᠪᠤᠨ᠎ᠠ᠂ ᠡᠪᠦᠭᠡᠨ ᠠᠬ᠎ᠠ ᠴᠢᠨᠢ᠃ ᠭᠠᠬᠠᠢ ᠶᠠᠪᠠᠭᠠᠨ ᠶᠠᠪᠤᠭᠰᠠᠨ ᠮᠠᠭᠤ ᠠᠬ᠎ᠠ ᠴᠢᠨᠢ᠂  ᠠᠵᠠ ᠶ᠋ᠢᠨ ᠴᠢᠷᠠᠢ ᠨᠠᠭᠠᠰᠢ ᠬᠠᠨᠳᠤᠵᠤ᠂ ᠬᠠᠪᠤᠷ ᠤ᠋ᠨ ᠡᠬᠢᠨ ᠰᠠᠷ᠎ᠠ ᠶ᠋ᠢᠨ ᠠᠳᠠᠭ ᠢ᠋ᠶ᠋ᠠᠷ ᠥᠩᠭᠡᠷᠡᠨ ᠭᠠᠷᠤᠭᠰᠠᠨ ᠭᠠᠮᠢᠩ ᠲᠠᠢ ᠲᠤᠯᠤᠯᠳᠤᠵᠤ᠂ ᠡᠨᠡ ᠬᠤᠷᠳᠤᠨ ᠫᠤᠤ᠂ ᠤᠷᠲᠤ ᠬᠢᠲᠤᠭ᠎ᠠ᠂ ᠤᠨᠤᠵᠤ ᠶᠠᠪᠤᠭ᠎ᠠ ᠠᠲᠠᠨ ᠲᠡᠮᠡᠭᠡ᠂ ᠨᠥᠮᠥᠷᠴᠦ ᠶᠠᠪᠤᠭ᠎ᠠ ᠳᠠᠬᠤ ᠣᠯᠵᠠᠯᠠᠵᠤ ᠠᠪᠤᠭᠠᠳ᠂ ᠭᠠᠯ ᠤ᠋ᠨ ᠬᠦᠦ ᠶ᠋ᠢ ᠤᠯᠠᠢᠵᠤ ᠪᠠᠢᠬᠤ ᠳ᠋ᠤ᠌᠂ ᠭᠠᠵᠠᠷ ᠤ᠋ᠨ ᠬᠦᠦ ᠶ᠋ᠢ ᠰᠢᠷᠠᠯᠠᠵᠤ ᠪᠠᠢᠬᠤ ᠳ᠋ᠤ᠌᠂  ᠪᠠᠯᠪᠤ ᠶ᠋ᠢᠨ ᠳᠠᠷᠬᠠᠨ ᠤ᠋ ᠪᠠᠯᠪᠠᠵᠤ ᠬᠢᠭᠰᠡᠨ᠂ ᠥᠭᠡᠯᠡᠳ ᠦ᠋ᠨ ᠳᠠᠷᠬᠠᠨ ᠤ᠋ ᠥᠩᠭᠡᠯᠡᠵᠦ ᠬᠢᠭᠰᠡᠨ ᠬᠠᠭᠤᠴᠢᠨ ᠴᠠᠬᠢᠭᠤᠷ ᠫᠤᠤ ᠪᠠᠨ ᠬᠠᠨ᠎ᠠ ᠶ᠋ᠢᠨ ᠲᠣᠯᠣᠭᠠᠢ ᠳ᠋ᠤ᠌ ᠠᠮᠠᠷᠠᠭᠠᠪᠠ᠃ ᠡᠨᠡ᠂ ᠮᠢᠨᠦ ᠫᠤᠤ ᠶ᠋ᠢᠨ ᠥᠨᠥᠳᠥᠷ ᠦ᠋ᠨ ᠣᠯᠵᠠ ᠪᠢᠯᠡ ᠭᠡᠵᠦ ᠣᠭᠣᠨᠣ ᠦᠨᠡᠭᠡ ᠬᠣᠶᠠᠷ ᠢ᠋ᠶ᠋ᠠᠨ ᠵᠢᠭᠠᠭᠠᠳ ᠵᠠ᠂ ᠦᠵᠡᠭᠰᠡᠨ ᠰᠣᠨᠣᠰᠤᠭᠰᠠᠨ ᠰᠣᠨᠢᠨ ᠶᠠᠭᠤ ᠪᠠᠢᠨ᠎ᠠ ᠠ᠋? ᠭᠡᠵᠦ ᠠᠰᠠᠭᠤᠬᠤ ᠳ᠋ᠤᠨᠢ( ᠳ᠋ᠤ᠌ ᠨᠢ)᠂ ᠰᠢᠷᠴᠢᠨ ᠬᠠᠮᠤᠭ ᠤ᠋ᠨ ᠰᠠᠢᠬᠠᠨ ᠪᠠᠶᠠᠷᠲᠠᠢ ᠰᠣᠨᠢᠨ ᠶᠠᠭᠤᠮ᠎ᠠ ᠶ᠋ᠢ ᠰᠡᠭᠦᠯ ᠳ᠋ᠦ᠍ᠨᠢ( ᠳ᠋ᠦ᠍ ᠨᠢ) ᠬᠡᠯᠡᠵᠦ ᠪᠠᠶᠠᠷᠯᠠᠭᠤᠯᠤᠶ᠎ᠠ ᠭᠡᠵᠦ ᠪᠣᠳᠣᠭᠠᠳ᠂ ᠬᠣᠰᠢᠭᠤ ᠬᠡᠢᠳ ᠣᠷᠣᠵᠤ᠂ ᠬᠢᠲᠠᠳ ᠠ᠋ᠴᠠ ᠴᠠᠢ ᠭᠤᠯᠢᠷ᠂ ᠦᠨᠡᠭᠡᠨ ᠦ᠌ ᠠᠷᠠᠰᠤ ᠪᠠᠷ ᠠᠷᠠᠯᠵᠢᠵᠤ ᠠᠪᠤᠭᠰᠠᠨ ᠢ᠋ᠶ᠋ᠠᠨ ᠶᠠᠷᠢᠭᠠᠳ᠂ ᠬᠥᠭᠡᠷᠦᠬᠦᠢ ᠲᠠᠩᠰᠤᠭ ᠤ᠋ᠨ ᠵᠢᠭᠠᠯ ᠬᠦᠦ ᠶ᠋ᠢ ᠴᠢᠨᠣ᠎ᠠ ᠢᠳᠡᠭᠰᠡᠨ ᠢ᠋ ᠬᠡᠯᠡᠯ᠎ᠡ᠃ 
       — ᠠᠢ ᠬᠡᠯᠡᠭᠰᠡᠨ ᠴᠢᠨᠢ ᠪᠣᠯᠵᠠᠢ᠂ ᠪᠢ ᠡᠨᠡ ᠣᠭᠣᠨᠣ ᠪᠠᠨ ᠲᠡᠳᠡᠨᠡᠢᠳᠦ(ᠲᠡᠳᠡᠨ ᠦ᠌ ᠳ᠋ᠦ᠍) ᠠᠪᠠᠴᠢᠵᠤ ᠥᠭᠭᠦᠨ᠎ᠡ᠃ ᠶᠠᠮᠠᠷ ᠮᠢᠨᠦ ᠮᠠᠭᠤ ᠬᠠᠷ᠎ᠠ ᠣᠪᠣᠬᠠᠢ ᠳ᠋ᠤ᠌ ᠨᠠᠮᠠᠶ᠋ᠢ (ᠨᠠᠮ᠎ᠠ ᠶ᠋ᠢ) ᠲᠣᠰᠴᠤ ᠪᠠᠢᠭ᠎ᠠ ᠬᠥᠮᠦᠨ ᠪᠠᠢᠬᠤ ᠶᠤᠮ ᠪᠢᠰᠢ᠃ ᠲᠡᠷᠡ ᠣᠷᠴᠢᠯᠠᠩ ᠳ᠋ᠤ᠌ ᠬᠣᠨᠵᠢᠭᠳᠠᠭᠰᠠᠨ ᠥᠨᠥᠴᠢᠨ ᠥᠷᠥᠭᠡᠰᠦᠨ ᠬᠥᠭᠡᠷᠦᠬᠦᠢ ᠠᠮᠢᠲᠠᠳ ᠳᠡᠭᠡᠷ᠎ᠡ ᠣᠴᠢᠵᠤ᠂ ᠴᠢᠨᠦ ᠨᠡᠭᠦᠯᠭᠡᠬᠦ ᠭᠡᠵᠦ ᠬᠦᠷᠴᠦ ᠢᠷᠡᠲᠡᠯ᠎ᠡ ᠬᠡᠳᠦᠨ ᠬᠣᠨᠣᠭ ᠴᠤ᠌ ᠭᠡᠰᠡᠨ ᠲᠡᠳᠡᠨᠡᠢᠳᠦ(ᠲᠡᠳᠡᠨ ᠦ᠌ ᠳ᠋ᠦ᠍) ᠬᠠᠨᠢ ᠪᠣᠯᠵᠤ ᠥᠭᠭᠦᠶ᠎ᠡ᠃ ᠳᠡᠷᠭᠡᠳᠡ ᠨᠢ ᠪᠠᠰᠠ ᠨᠢᠭᠡ ᠠᠮᠢᠳᠤ ᠠᠮᠢᠲᠠᠨ ᠬᠥᠳᠡᠯᠵᠦ ᠪᠠᠢᠬᠤ ᠳ᠋ᠤ᠌ ᠨᠡᠮᠡᠷᠢ ᠲᠡᠢ ᠪᠠᠢᠯ ᠦᠭᠡᠢ ᠶᠠᠭᠠᠬᠢᠬᠤᠪ᠃ ᠡᠷᠭᠦᠳᠡᠭ ᠢ᠋ ᠡᠷᠭᠦᠪᠡᠯ ᠬᠦᠯᠦᠭ ᠪᠣᠯᠳᠠᠭ᠂ ᠥᠨᠥᠴᠢᠨ ᠢ᠋ ᠡᠷᠭᠦᠪᠡᠯ ᠬᠥᠮᠦᠨ ᠪᠣᠯᠳᠠᠭ ᠭᠡᠳᠡᠭ᠂ ᠬᠥᠭᠡᠷᠦᠬᠦᠢ ᠥᠨᠥᠴᠢᠨ ᠥᠷᠥᠭᠡᠰᠦᠨ ᠲᠠᠩᠰᠤᠭ ᠤ᠋ᠨ ᠬᠢᠨ ᠢ᠋ ᠡᠷᠭᠦᠵᠦ ᠲᠡᠳᠬᠦᠬᠦ ᠨᠢ ᠲᠦᠮᠡᠨ ᠵᠦᠢᠲᠡᠢ ᠬᠡᠷᠡᠭ᠃ ᠪᠢ ᠴᠦ᠍ ᠪᠠᠰᠠ ᠲᠠᠨᠠᠢ(ᠲᠠᠨ ᠤ᠋) ᠬᠠᠶᠠᠭᠠᠨ ᠳ᠋ᠤ᠌ ᠳᠥᠭᠥᠵᠦ ᠪᠠᠭᠤᠨ᠎ᠠ ᠪᠠᠢᠭ᠎ᠠ᠂ ᠴᠢ ᠬᠠᠷᠢᠨ ᠨᠠᠳᠠᠳᠤ(ᠨᠠᠳᠠ ᠳ᠋ᠤ᠌) ᠨᠢᠭᠡ ᠲᠡᠮᠡᠭᠡ ᠥᠭᠭᠦᠭᠡᠷᠡᠢ᠂ ᠮᠠᠭᠤ ᠰᠢᠷ᠎ᠠ ᠢᠰᠡᠭᠡᠢ ᠪᠡᠨ ᠠᠴᠢᠵᠤ ᠨᠡᠭᠦᠬᠦ ᠳ᠋ᠦ᠍ ᠮᠢᠨᠢ ᠭᠠᠭᠴᠠ ᠭᠠᠭᠴᠠᠭᠠᠷ ᠢ᠋ᠶ᠋ᠠᠨ ᠠᠮᠢ ᠪᠠᠨ ᠬᠠᠭᠠᠴᠠᠢᠯᠠᠬᠤ ᠭᠡᠵᠦ ᠳᠣᠣᠷ᠎ᠠ ᠳᠣᠣᠷ᠎ᠠ ᠪᠠᠨ ᠵᠦᠳᠡᠷᠡᠵᠦ᠂ ᠲᠠᠯ᠎ᠠ ᠶ᠋ᠢᠨ ᠨᠢᠭᠡ ᠪᠣᠯᠵᠤ ᠲᠠᠷᠴᠢᠯᠠᠵᠤ ᠪᠠᠢᠭᠰᠠᠨ ᠠ᠋ᠴᠠ᠂ ᠭᠤᠷᠪᠠᠨ ᠠᠢᠯ ᠨᠢᠭᠡ ᠳᠣᠣᠷ᠎ᠠ ᠨᠡᠢᠯᠡᠵᠦ ᠪᠠᠭᠤᠪᠠᠯ ᠨᠠᠭᠠᠳᠤ ᠵᠠᠬ᠎ᠠ ᠨᠢ ᠲᠠᠪᠤ ᠠᠷᠪᠠᠨ ᠮᠠᠯ ᠢ᠋ᠶ᠋ᠠᠨ ᠬᠦᠷᠲᠡᠯ᠎ᠡ ᠬᠠᠷᠢᠭᠤᠯᠬᠤ ᠳ᠋ᠤ᠌ ᠪᠦᠯᠢ ᠮᠡᠬᠦᠰᠳᠡᠬᠦ ᠦᠭᠡᠢ᠂ ᠬᠡᠨ ᠬᠡᠨ ᠳ᠋ᠡᠭᠡᠨ(ᠳ᠋ᠦ᠍ ᠪᠡᠨ) ᠲᠤᠰᠠ ᠲᠠᠢ ᠪᠢᠰᠢᠦ (ᠪᠢᠰᠢ ᠤᠤ)? ᠭᠡᠬᠦ ᠳ᠋ᠦ᠍ᠨᠢ( ᠳ᠋ᠦ᠍ ᠨᠢ)᠂ 
       — ᠵᠠ ᠲᠡᠭᠡᠶ᠎ᠡ᠂ ᠲᠠᠩᠰᠤᠭ ᠤ᠋ᠨ ᠬᠢᠨ ᠢ᠋ ᠳᠥᠬᠥᠭᠦᠯᠦᠭᠡᠳ᠂ ᠴᠢᠨᠦ ᠭᠡᠷ ᠢ᠋ ᠴᠦ᠍ ᠨᠡᠭᠦᠯᠭᠡᠵᠦ ᠥᠭᠭᠦᠶ᠎ᠡ ᠭᠡᠳ ᠰᠢᠷᠴᠢᠨ ᠠᠷᠠᠳ ᠤ᠋ᠨ ᠲᠦᠷ ᠵᠠᠭᠤᠷ᠎ᠠ ᠶ᠋ᠢᠨ ᠵᠠᠰᠠᠭ ᠤ᠋ᠨ ᠭᠠᠵᠠᠷ ᠪᠣᠢ ᠪᠣᠯᠤᠭᠰᠠᠨ ᠬᠠᠮᠤᠭ ᠤ᠋ᠨ ᠪᠠᠶᠠᠷᠲᠠᠢ ᠰᠠᠢᠬᠠᠨ ᠰᠣᠨᠢᠨ ᠢ᠋ᠶ᠋ᠠᠨ ᠶᠠᠷᠢᠵᠤ᠂ ᠠᠷᠠᠳ ᠤ᠋ᠨ ᠵᠠᠰᠠᠭ ᠤ᠋ᠨ ᠭᠠᠵᠠᠷ ᠠ᠋ᠴᠠ ᠮᠣᠩᠭᠣᠯ ᠤ᠋ᠨ ᠲᠦᠮᠡᠨ ᠠᠷᠠᠳ ᠲᠤ᠌ ᠲᠤᠩᠬᠠᠭᠯᠠᠨ ᠵᠠᠷᠯᠠᠭᠰᠠᠨ ᠪᠢᠴᠢᠭ ᠢ᠋ ᠤᠩᠰᠢᠵᠤ ᠥᠭᠪᠡ᠃ 
       — ᠪᠡᠯᠭᠡ ᠲᠡᠢ ᠰᠣᠨᠢᠨ ᠰᠠᠢᠬᠠᠨ ᠶᠠᠭᠤᠮ᠎ᠠ ᠪᠠᠷ ᠰᠢᠷᠴᠢᠨ ᠮᠢᠨᠢ᠂ ᠥᠨᠥᠳᠥᠷ ᠴᠢᠬᠢ ᠶ᠋ᠢ ᠮᠢᠨᠢ ᠪᠠᠶᠠᠷᠯᠠᠭᠤᠯᠪᠠ᠃ ᠳᠠᠩᠴᠢ ᠥᠷᠯᠥᠭᠡ ᠡᠴᠡ ᠮᠢᠨᠦ ᠪᠠᠶᠠᠷ ᠤ᠋ᠨ ᠰᠤᠪᠢᠨ ᠲᠠᠲᠠᠵᠤ ᠪᠠᠢᠭᠰᠠᠨ ᠪᠢᠯᠡ᠃ ᠠᠩ ᠭᠥᠷᠦᠭᠡᠨ ᠳ᠋ᠦ᠍ ᠤᠷᠤᠭᠰᠢᠲᠠᠢ ᠶ᠋ᠢ ᠵᠥᠩᠨᠡᠪᠡᠦ? ᠭᠡᠵᠦ ᠪᠣᠳᠣᠭᠰᠠᠨ ᠮᠢᠨᠢ᠂ ᠬᠠᠷᠢᠨ ᠡᠢᠮᠦ ᠪᠡᠯᠡᠭ ᠲᠡᠢ ᠰᠠᠢᠬᠠᠨ ᠶᠠᠭᠤᠮ᠎ᠠ ᠰᠣᠨᠣᠰᠬᠤ ᠶ᠋ᠢ ᠵᠥᠩᠨᠡᠭᠰᠡᠨ ᠶᠦᠮ ᠪᠠᠢᠵᠤ ᠳᠠ᠃ ᠠᠯᠢ ᠠ᠋᠂ ᠳᠠᠬᠢᠭᠠᠳ ᠨᠢᠭᠡ ᠤᠩᠰᠢᠭᠠᠳ ᠥᠭᠭᠦᠨᠡᠦ (ᠥᠭᠭᠦᠨ᠎ᠡ ᠤᠤ)᠂ ᠲᠡᠷᠡ ᠰᠠᠢᠬᠠᠨ ᠪᠢᠴᠢᠭ ᠢ᠋ᠶ᠋ᠡᠨ? ᠠᠢᠯ ᠠᠬ᠎ᠠ ᠳᠡᠭᠦᠦ ᠪᠦᠬᠦᠨ ᠳ᠋ᠦ᠍ ᠰᠣᠨᠣᠰᠬᠠᠨ᠎ᠠ᠂ ᠰᠠᠢᠬᠠᠨ ᠲᠡᠷᠡ ᠪᠢᠴᠢᠭ ᠦ᠋ᠨ ᠦᠭᠡ ᠶ᠋ᠢ ᠪᠢ ᠪᠠᠰᠠ ᠨᠢᠭᠡ ᠬᠢᠴᠢᠶᠡᠨ ᠰᠣᠨᠣᠰᠴᠤ ᠲᠣᠭᠲᠠᠭᠠᠵᠤ ᠦᠵᠡᠶ᠎ᠡ ᠭᠡᠪᠡ᠃ 
       ᠰᠢᠷᠴᠢᠨ ᠲᠤᠩᠬᠠᠭ ᠪᠢᠴᠢᠭ ᠢ᠋ ᠳᠠᠬᠢᠨ ᠢᠷᠠᠭᠤ ᠲᠣᠳᠣᠷᠬᠠᠢ ᠪᠠᠷ ᠤᠩᠰᠢᠵᠤ ᠥᠭᠭᠦᠭᠡᠳ᠂ ᠬᠣᠰᠢᠭᠤ ᠬᠡᠢᠳ ᠲᠦ᠍ ᠠᠮᠢᠲᠠᠨ ᠤ᠋ ᠬᠡᠯᠡᠯᠴᠡᠬᠦ ᠶ᠋ᠢ ᠰᠣᠨᠣᠰᠪᠠᠯ᠂ ᠬᠣᠢᠲᠤ ᠵᠦᠭ ᠣᠷᠣᠰ ᠤᠯᠤᠰ ᠢ᠋᠂ ᠮᠥᠨ ᠮᠣᠩᠭᠣᠯ ᠠᠷᠠᠳ ᠤ᠋ᠨ ᠵᠠᠰᠠᠭ ᠤ᠋ᠨ ᠬᠡᠷᠡᠭ ᠢ᠋ ᠪᠦᠭᠦᠳᠡ ᠲᠦᠷ ᠵᠠᠬᠢᠷᠤᠨ ᠰᠢᠳᠬᠡᠬᠦ ᠭᠠᠵᠠᠷ ᠢ᠋ ᠪᠠᠢᠯᠳᠤᠬᠤ ᠴᠡᠷᠢᠭ ᠪᠠᠷᠤᠨ ᠳ᠋ᠤ᠌   ᠡᠯᠰᠡᠭᠦᠯᠬᠦ ᠭᠡᠵᠦ ᠵᠠᠮᠰᠥ᠋ᠷᠦᠩᠵᠠᠪ ᠲᠠᠢᠵᠢ ᠬᠦᠷᠴᠦ ᠢᠷᠡᠭᠰᠡᠨ ᠰᠤᠷᠠᠭ ᠲᠠᠢ ᠭᠡᠵᠦ ᠬᠡᠯᠡᠵᠡᠢ᠃ 
       — ᠰᠣᠨᠣᠰᠪᠠᠯ᠂ ᠣᠳᠣ ᠳᠡᠭᠡᠷ᠎ᠡ ᠰᠠᠢᠨ ᠳᠤᠷ᠎ᠠ ᠶ᠋ᠢᠨ ᠴᠡᠷᠢᠭ ᠡᠯᠰᠡᠬᠦ ᠶᠦᠮ ᠭᠡᠨ᠎ᠡ᠃ ᠰᠠᠷ᠎ᠠ ᠳ᠋ᠤ᠌ ᠳᠠᠯᠠᠨ ᠶᠠᠩᠴᠢᠶᠠᠨ ᠤ᠋ ᠴᠠᠯᠢᠩ ᠣᠯᠭᠣᠬᠤ ᠰᠤᠷᠠᠭ ᠲᠠᠢ᠃ ᠲᠡᠭᠡᠭᠰᠡᠨ ᠴᠦ᠍ ᠪᠠᠷᠤᠨ ᠤ᠋ ᠴᠡᠷᠢᠭ ᠪᠣᠯᠬᠤ ᠠᠮᠢᠲᠠᠨ ᠠᠯᠠᠭ᠎ᠠ᠃ ᠣᠳᠣ ᠤᠳᠠᠬᠤ ᠦᠭᠡᠢ ᠡᠨᠡ ᠠᠷᠠᠳ ᠤ᠋ᠨ ᠵᠠᠰᠠᠭ ᠤ᠋ᠨ ᠲᠤᠩᠬᠠᠭ ᠪᠢᠴᠢᠭ ᠢ᠋ ᠭᠠᠷᠤᠭᠰᠠᠨ ᠢ᠋ ᠪᠦᠭᠦᠳᠡᠭᠡᠷ ᠢ᠋ᠶ᠋ᠡᠨ ᠮᠡᠳᠡᠭᠡᠳ᠂ ᠠᠯᠪᠠ ᠪᠠᠷ ᠴᠦ᠍ ᠭᠡᠰᠡᠨ ᠪᠠᠷᠤᠨ ᠤ᠋ ᠴᠡᠷᠢᠭ ᠪᠣᠯᠬᠤ ᠬᠥᠮᠦᠨ ᠣᠯᠳᠠᠬᠤ ᠦᠭᠡᠢ ᠳᠡ ᠭᠡᠬᠦ ᠳ᠋ᠦ᠍ᠨᠢ( ᠳ᠋ᠦ᠍ ᠨᠢ)᠂  
       — ᠲᠡᠭᠡᠪᠡᠯ ᠮᠠᠨ ᠤ᠋ ᠵᠠᠰᠠᠭ ᠨᠣᠶᠠᠨ ᠤ᠋ ᠲᠡᠷᠡ ᠲᠤᠩᠬᠠᠭ ᠪᠢᠴᠢᠭ ᠢ᠋ ᠦᠵᠡᠭᠡᠳ᠂ ᠪᠠᠷᠤᠨ ᠳ᠋ᠤ᠌ ᠴᠡᠷᠢᠭ ᠡᠷ᠎ᠡ ᠶ᠋ᠢ ᠳᠠᠢᠴᠢᠯᠠᠨ ᠲᠠᠲᠠᠬᠤ ᠵᠢᠷᠦᠬᠡ ᠬᠦᠷᠦᠭᠰᠡᠨ ᠦᠭᠡᠢ ᠪᠠᠢᠬᠤ ᠨᠢ ᠠ᠋᠃ ᠲᠡᠷᠡ ᠵᠠᠯᠢ ᠲᠠᠢ ᠡᠪᠦᠭᠡᠨ ᠤᠭ ᠲᠤᠩᠬᠠᠭ ᠢ᠋ ᠵᠠᠷᠯᠠᠭᠰᠠᠨ ᠵᠠᠰᠠᠭ ᠤ᠋ᠨ ᠭᠠᠵᠠᠷ ᠢ᠋ ᠰᠢᠳᠤᠷᠭᠤ ᠦᠨᠡᠨ ᠭᠡᠵᠦ ᠦᠵᠡᠭᠡᠳ ᠲᠡᠭᠡᠵᠦ ᠪᠠᠢᠭ᠎ᠠ ᠬᠡᠷᠡᠭ ᠪᠢᠰᠢ᠂ ᠮᠠᠨ ᠤ᠋ ᠨᠣᠶᠠᠳ ᠬᠡᠵᠢᠶ᠎ᠡ ᠰᠢᠳᠤᠷᠭᠤ ᠦᠨᠡᠨ ᠢ᠋ ᠲᠣᠭᠣᠳᠠᠭ ᠰᠠᠨ ᠪᠢᠯᠡ᠃ ᠴᠠᠭᠠᠨ᠎ᠠ ᠠ᠋ᠴᠠ ᠪᠠᠰᠠ ᠬᠦᠴᠦᠲᠡᠢ᠂ ᠣᠯᠠᠨ ᠲᠦᠮᠡᠨ ᠳ᠋ᠦ᠍ ᠲᠦᠰᠢᠭ ᠲᠡᠢ ᠵᠠᠰᠠᠭ ᠤ᠋ᠨ ᠭᠠᠵᠠᠷ ᠪᠠᠢᠨ᠎ᠠ ᠭᠡᠵᠦ ᠪᠣᠯᠭᠣᠮᠵᠢᠯᠠᠭᠰᠠᠨ ᠬᠡᠷᠡᠭ᠃ ᠡᠰᠡ ᠲᠡᠭᠡᠪᠡᠯ᠂ ᡀᠠ ᠪᠡᠢᠯᠡ ᠯᠠᠪ ᠡᠮ᠎ᠡ ᠬᠥᠮᠦᠨ ᠢ᠋ ᠴᠦ᠍ ᠪᠠᠷᠤᠨ ᠤ᠋ ᠴᠡᠷᠢᠭ ᠲᠦ᠍ ᠳᠠᠢᠴᠢᠯᠠᠨ ᠣᠩᠭᠢᠷᠠᠵᠤ ᠪᠣᠯᠬᠤ ᠠᠮᠢᠲᠠᠨ᠃ 
       ᠮᠠᠨᠠᠢ(ᠮᠠᠨ ᠤ᠋) ᠠᠷᠠᠳ ᠤ᠋ᠨ ᠵᠠᠰᠠᠭ ᠮᠠᠨᠳᠤᠭᠰᠠᠨ ᠡᠨᠡ ᠰᠠᠢᠬᠠᠨ ᠮᠡᠳᠡᠭᠡ ᠶ᠋ᠢ ᠠᠢᠯ ᠪᠦᠬᠦᠨ ᠳ᠋ᠦ᠍ ᠰᠣᠨᠣᠰᠬᠠᠪᠠᠯ ᠵᠣᠬᠢᠬᠤ ᠶᠤᠮ ᠪᠠᠢᠨ᠎ᠠ ᠳᠠ᠃ ᠲᠡᠭᠡᠪᠡᠯ᠂ ᠵᠠᠮᠰᠥ᠋ᠷᠦᠩᠵᠠᠪ ᠲᠠᠢᠵᠢ ᠰᠠᠢᠨ ᠳᠤᠷ᠎ᠠ ᠪᠠᠷ ᠴᠡᠷᠢᠭ ᠲᠦ᠍ ᠡᠯᠰᠡᠬᠦ ᠭᠠᠭᠴᠠ ᠴᠤ᠌ ᠡᠷ᠎ᠡ ᠶ᠋ᠢ ᠣᠯᠵᠤ ᠴᠢᠳᠠᠬᠤ ᠦᠭᠡᠢ ᠪᠣᠯᠤᠨ᠎ᠠ᠃ ᠠᠷᠠᠳ ᠠᠮᠢᠲᠠᠨ ᠡᠩᠬᠡ ᠵᠢᠷᠭᠠᠯ ᠢ᠋ ᠡᠷᠬᠢᠮ ᠪᠣᠯᠭᠠᠨ ᠬᠦᠰᠡᠵᠦ ᠪᠠᠢᠭ᠎ᠠ ᠰᠢᠦ ᠳᠡ᠃ ᠴᠢ ᠡᠪᠦᠭᠡᠨ ᠯᠣᠣᠵᠠᠩ ᠳ᠋ᠤ᠌ ᠡᠨᠡ ᠲᠤᠩᠬᠠᠭ ᠢ᠋ ᠶᠠᠭᠤᠨ ᠤ᠋ ᠡᠮᠦᠨ᠎ᠡ ᠦᠵᠡᠭᠦᠯᠦᠭᠡᠷᠡᠢ᠃  ᠴᠠᠭᠠᠰᠢ  ᠨᠢ ᠣᠯᠠᠨ ᠳ᠋ᠤ᠌ ᠵᠠᠷᠯᠠᠨ ᠳᠡᠯᠭᠡᠷᠡᠭᠦᠯᠬᠦ ᠠᠷᠭ᠎ᠠ ᠰᠠᠮ᠎ᠠ ᠶ᠋ᠢ ᠲᠡᠷᠡ ᠡᠪᠦᠭᠡᠨ ᠵᠢᠭᠠᠵᠤ ᠲᠤᠰᠠᠯᠠᠬᠤ ᠪᠣᠢ᠃ 
       ᠠᠷᠠᠳ ᠤ᠋ᠨ ᠲᠥᠯᠥᠭᠡᠯᠡᠭᠴᠢᠳ ᠤᠯᠤᠰ ᠤ᠋ᠨ ᠶᠡᠬᠡ ᠬᠤᠷᠠᠯᠳᠤᠭᠠᠨ ᠳ᠋ᠤ᠌ ᠬᠤᠷᠠᠯᠳᠤᠬᠤ᠂ ᠠᠷᠠᠳ ᠤ᠋ᠨ ᠡᠷᠬᠡ ᠲᠡᠢ ᠮᠣᠩᠭᠣᠯ ᠠᠷᠠᠳ ᠤᠯᠤᠰ ᠤ᠋ᠨ ᠡᠭᠦᠷᠢᠳᠡ ᠪᠠᠢᠬᠤ ᠶᠣᠰᠣᠲᠠᠢ ᠵᠠᠰᠠᠭ ᠤ᠋ᠨ ᠭᠠᠵᠠᠷ ᠢ᠋ ᠰᠣᠩᠭᠣᠨ᠎ᠠ ᠭᠡᠳᠡᠭ ᠡᠨᠡ ᠮᠥᠨ ᠰᠠᠢᠬᠠᠨ ᠦᠭᠡ ᠠ᠋᠃ ᠡᠨᠡ ᠦᠭᠡ ᠨᠠᠳᠠᠳᠤ(ᠨᠠᠳᠠ ᠳ᠋ᠤ᠌) ᠠᠯᠲᠠ ᠠ᠋ᠴᠠ ᠦᠨᠡᠲᠡᠢ᠂ ᠰᠤᠪᠤᠳ ᠠ᠋ᠴᠠ ᠰᠠᠢᠬᠠᠨ ᠰᠠᠨᠠᠭᠳᠠᠵᠤ ᠪᠠᠢᠨ᠎ᠠ᠃ ᠴᠢ ᠪᠢᠳᠡ ᠬᠣᠶᠠᠷ ᠨᠢᠳᠤᠨᠤᠨ ᠨᠠᠮᠤᠷ ᠲᠠᠷᠪᠠᠭ᠎ᠠ ᠠᠩᠨᠠᠵᠤ ᠪᠠᠢᠭᠠᠳ᠂ ᠠᠷᠠᠳ ᠤ᠋ᠨ ᠲᠥᠷᠥ ᠶ᠋ᠢᠨ ᠴᠠᠭ ᠬᠡᠵᠢᠶ᠎ᠡ ᠢᠷᠡᠳᠡᠭ ᠪᠣᠯ? ᠭᠡᠵᠦ ᠶᠠᠷᠢᠵᠤ ᠪᠠᠢᠭᠰᠠᠨ ᠢ᠋ᠶ᠋ᠠᠨ ᠴᠢ ᠰᠠᠨᠠᠵᠤ ᠪᠠᠢᠨᠠᠤ(ᠪᠠᠢᠨ᠎ᠠ ᠤᠤ)? ᠣᠳᠣ ᠲᠡᠷᠡ ᠴᠠᠭ ᠢ᠋ ᠴᠢ ᠪᠢᠳᠡ ᠬᠣᠶᠠᠷ ᠦᠵᠡᠯ᠎ᠡ ᠰᠢᠦ᠃  ᠮᠠᠨᠠᠢ( ᠮᠠᠨ ᠤ᠋) ᠬᠠᠭᠤᠴᠢ ᠦᠯᠢᠭᠡᠷ ᠲᠦ᠍ ᠭᠠᠷᠳᠠᠭ᠂ ᠮᠠᠭᠤ ᠴᠠᠭ ᠤ᠋ᠨ ᠰᠡᠭᠦᠯ᠂ ᠰᠠᠢᠨ ᠴᠠᠭ ᠤ᠋ᠨ ᠡᠬᠢ ᠭᠡᠳᠡᠭ ᠢ᠋ ᠪᠢᠳᠡ ᠦᠵᠡᠬᠦ ᠬᠤᠪᠢ ᠲᠠᠢ ᠤᠯᠤᠰ ᠠ᠋ ᠭᠡᠵᠦ ᠪᠠᠶᠠᠷᠯᠠᠨ ᠶᠠᠷᠢᠪᠠ᠃  

— — — — 
 * ᠣᠯᠵᠠ ᠪᠠᠢ ᠭᠡᠰᠡᠨ ᠬᠣᠶᠠᠷ ᠦᠭᠡ ᠪᠡᠷ ᠪᠡᠯᠭᠡᠰᠢᠶᠡᠭᠰᠡᠨ ᠮᠣᠩᠭᠣᠯ ᠨᠡᠷ᠎ᠡ᠃ 
 * ᠱᠠᠰᠢᠨ ᠤ᠋ ᠪᠠᠯᠠᠷ ᠶᠣᠰᠣᠨ ᠳ᠋ᠤ᠌᠂ ᠦᠬᠦᠭᠰᠡᠨ ᠬᠥᠮᠦᠨ ᠢ᠋ ᠲᠩᠷᠢ ᠠᠰᠠᠷ᠂ ᠬᠥᠮᠦᠨ᠂ ᠲᠠᠮᠤ ᠪᠢᠷᠢᠳ᠂ ᠠᠳᠤᠭᠤᠰᠤᠨ ᠤ᠋ ᠠᠯᠢᠨ ᠳ᠋ᠤᠨᠢ( ᠳ᠋ᠤ᠌ ᠨᠢ) ᠲᠥᠷᠥᠭᠰᠡᠨ ᠢ᠋ ᠦᠵᠡᠳᠡᠭ ᠵᠢᠷᠤᠬᠠᠢ ᠶ᠋ᠢᠨ ᠰᠤᠳᠤᠷ ᠲᠤ᠌ ᠦᠵᠡᠬᠦ ᠶ᠋ᠢ ᠠᠯᠲᠠᠨ ᠰᠠᠪᠠ ᠲᠠᠲᠠᠬᠤ ᠭᠡᠳᠡᠭ ᠪᠠᠢᠵᠠᠢ᠃ ᠲᠡᠭᠡᠭᠡᠳ ᠪᠤᠶᠠᠨ ᠨᠣᠮ ᠬᠢᠯᠭᠡᠬᠦ ᠭᠡᠵᠦ ᠡᠷᠭᠦᠯ ᠳᠠᠭᠠᠳᠬᠠᠯ ᠬᠢᠯᠭᠡᠳᠡᠭ ᠨᠢ ᠯᠠᠮᠠ ᠨᠠᠷ ᠲᠤ᠌ ᠶᠡᠬᠡᠯ᠎ᠡ (ᠶᠡᠬᠡ ᠯᠡ) ᠠᠰᠢᠭ ᠲᠠᠢ ᠪᠠᠢᠪᠠ᠃  
* ᠭᠣᠣᠨᠢ ᠭᠡᠵᠦ ᠡᠬᠡᠨᠡᠷ ᠦᠭᠡᠢ ᠭᠠᠭᠴᠠ ᠪᠡᠶ᠎ᠡ᠃

        ᠦᠰᠦᠭ ᠠᠮᠢᠯᠠᠭᠤᠯᠤᠭᠴᠢ᠄ ᠣᠶᠤᠨᠪᠠᠲᠤ᠂ ᠪᠠᠯ᠂ ᠤᠢᠭᠤᠷᠵᠢᠨ·ᠣᠳᠬᠣᠨᠪᠠᠪᠠ᠂ ᠪᠠᠳᠮᠠᠰᠡᠴᠡᠨ᠂ ᠮᠧᠢ ᠬᠤᠸᠠ᠂
                                         ᠲᠠᠪᠤᠨ ᠤᠰᠤ᠂ ᠴᠣᠯᠮᠣᠨᠭᠡᠷᠡᠯ᠂ ᠰᠠᠷᠠᠨᠲᠤᠶᠠᠭ᠎ᠠ᠂ ᠣᠶᠤᠨᠪᠢᠯᠢᠭ᠌
             ᠬᠢᠨᠠᠭᠴᠢ᠄ ᠣᠶᠤᠨᠪᠠᠲᠤ᠂ ᠲ· ᠬᠦᠮᠦᠵᠢᠯᠲᠦ᠂ ᠣᠳᠬᠣᠨᠴᠡᠴᠡᠭ᠂ ᠪᠠᠯ 
               ᠤᠩᠰᠢᠭᠴᠢ᠄ ᠨᠠᠰᠤᠨ᠌ᠦ᠌ᠯᠵᠡᠢ