ᠲᠦᠲᠦᠭᠡᠷ ᠪᠣᠲᠢ – ᠨᠢᠭᠡᠳᠦᠭᠡᠷ ᠪᠦᠯᠦᠭ <ᠨᠢᠭᠡ>
ᠨᠢᠭᠡᠳᠦᠭᠡᠷ ᠪᠦᠯᠦᠭ
ᠮᠤᠨᠠ ᠬᠠᠨ ᠤ᠋ ᠣᠷᠣᠨ ᠳ᠋ᠤᠷ
ᠮᠣᠳᠣ ᠴᠡᠴᠡᠭ ᠵᠢᠮᠢᠰ ᠲᠡᠢ
ᠮᠤᠩᠳᠠᠯ ᠦᠭᠡᠢ ᠠᠬᠤᠢ ᠳ᠋ᠤᠷ
ᠮᠣᠩᠭᠣᠯ ᠪᠢᠳᠡᠨ ᠵᠢᠷᠭᠠᠶᠠ
ᠨᠤᠲᠤᠭ ᠬᠤᠳᠳᠤᠭ ᠡᠪᠳᠡᠭᠴᠢᠳ
ᠳᠤᠷᠠ ᠪᠠᠷ ᠬᠢᠷᠢᠯᠡᠨ ᠶᠠᠪᠤᠭᠴᠢᠳ
ᠨᠣᠮᠣᠬᠠᠨ ᠳᠦᠷᠢᠮ ᠦᠭᠡᠢ ᠪᠡᠷ
ᠨᠣᠳ ᠬᠠᠷᠭᠢᠰ ᠢ᠋ ᠲᠠᠷᠬᠠᠭᠠᠪᠠ
(ᠮᠡᠷᠭᠡᠨ ᠭᠡᠭᠡᠨ ᠦ᠌ ᠵᠣᠬᠢᠶᠠᠭᠰᠠᠨ《ᠰᠢᠯᠦᠭ ᠳᠠᠭᠤᠤ》 ᠭᠡᠳᠡᠭ
ᠤᠷᠠᠳ ᠠᠷᠠᠳ ᠤ᠋ᠨ ᠳᠠᠭᠤᠤ)
ᠭᠤᠷᠪᠠᠨ( ᠴᠤ᠌) ᠰᠠᠢᠬᠠᠨ ᠬᠡᠭᠡᠷ ᠮᠣᠷᠢ
ᠭᠣᠪᠢᠯ ᠲᠠᠢ ᠲᠠᠷᠭᠤᠨ ᠪᠠᠢᠨᠠ ᠤᠨᠤᠶᠤ ᠭᠡᠰᠡᠨ ᠶᠦᠮ
ᠡᠭᠡᠴᠢ ᠳᠡᠭᠦᠦ ᠭᠤᠷᠪᠠᠭᠤᠯᠠ ᠶ᠋ᠢ ᠠᠳᠠᠯᠢᠬᠠᠨ ᠢ᠋ᠶ᠋ᠠᠷ ᠥᠰᠬᠡᠭᠰᠡᠨ
ᠠᠪᠤ ᠡᠵᠢ ᠬᠣᠶᠠᠷ ᠶᠤᠮ ᠠ᠋ ᠬᠦ
ᠶᠢᠰᠦᠨ( ᠴᠦ᠍) ᠰᠠᠢᠬᠠᠨ ᠬᠡᠭᠡᠷ ᠮᠣᠷᠢ
ᠭᠣᠪᠢᠯ ᠲᠠᠢ ᠲᠠᠷᠭᠤᠨ ᠪᠠᠢᠨᠠ ᠤᠨᠤᠶᠤ ᠭᠡᠰᠡᠨ ᠶᠦᠮ
ᠡᠭᠡᠴᠢ ᠳᠡᠭᠦᠦ ᠶᠢᠰᠦᠭᠦᠯᠡ ᠶ᠋ᠢ ᠠᠳᠠᠯᠢᠬᠠᠨ ᠢ᠋ᠶ᠋ᠠᠷ ᠥᠰᠬᠡᠭᠰᠡᠨ
ᠡᠵᠢ ᠠᠪᠤ ᠬᠣᠶᠠᠷ ᠠ᠋ ᠬᠦ
(ᠤᠷᠠᠳ ᠠᠷᠠᠳ ᠤ᠋ᠨ ᠳᠠᠭᠤᠤ)
ᠨᠢᠭᠡ
ᠠᠩᠴᠢᠨᠵᠠᠪ ᠲᠡᠮᠦᠷᠰᠥ᠋ᠬᠡ ᠬᠣᠶᠠᠭᠤᠯᠠ ᠵᠣᠭᠰᠣᠭᠠ ᠵᠠᠢ ᠦᠭᠡᠢ ᠳᠣᠪᠲᠣᠯᠭᠠᠵᠤ ᠤᠯᠠᠭᠠᠨᠰᠤᠬᠠᠢ ᠶ᠋ᠢᠨ ᠠᠷᠤ ᠪᠠᠷ ᠲᠣᠭᠣᠷᠢᠨ ᠣᠷᠪᠣᠭ ᠤ᠋ᠨ ᠬᠣᠢᠲᠤ ᠰᠢᠯᠢ ᠳᠡᠭᠡᠷᠡ ᠭᠠᠷᠴᠤ ᠢᠷᠡᠬᠦ ᠳ᠋ᠦ᠍ ᠦᠦᠷ ᠮᠠᠩᠬᠠᠢᠲᠠᠯᠠ ᠴᠠᠢᠪᠠ᠃
— ᠵᠠ᠂ ᠪᠠᠢᠵᠠ ᠬᠦᠦ ᠮᠢᠨᠢ ᠡᠨᠡᠭᠦᠬᠡᠨ ᠳ᠋ᠦ᠍ ᠪᠣᠯᠤᠮᠵᠢ ᠶ᠋ᠢᠨ ᠠᠢᠯ ᠲᠠᠭᠠᠷᠠᠪᠠᠯ ᠮᠣᠷᠢᠳ ᠤ᠋ᠨ ᠢ᠋ᠶ᠋ᠠᠨ ᠬᠥᠯ ᠢ᠋ ᠠᠮᠠᠷᠠᠭᠠᠵᠤ᠂ ᠬᠣᠶᠠᠭᠤᠯᠠ ᠪᠠᠨ ᠬᠥᠯᠥᠷᠡᠲᠡᠯᠡ ᠴᠠᠢ ᠤᠤᠭᠤᠴᠢᠬᠠᠭᠠᠳ ᠵᠢᠭᠠᠬᠠᠨ ᠨᠢᠳᠦ ᠳᠠᠷᠤᠭᠠᠳ ᠠᠪᠤᠶᠠ ᠬᠦ! ᠭᠡᠵᠦ ᠠᠩᠴᠢᠨᠵᠠᠪ ᠢ᠋ ᠬᠡᠯᠡᠬᠦ ᠳ᠋ᠦ᠍ ᠲᠡᠮᠤᠷᠰᠥ᠋ᠬᠡ᠄
— ᠲᠡᠭᠡᠬᠦ ᠤᠤ! ᠡᠨᠡᠭᠦᠷ ᠣᠢᠷᠠᠬᠠᠨ ᠠᠢᠯ ᠪᠠᠢᠳᠠᠭ ᠶᠤᠮ ᠪᠣᠯᠪᠠ ᠤᠤ? ᠭᠡᠯᠡ᠃
— ᠪᠠᠢᠯ ᠦᠭᠡᠢ ᠳᠡ! ᠲᠡᠷᠡ ᠬᠠᠷᠠᠭᠳᠠᠬᠤ ᠬᠥᠲᠥᠯ ᠢ᠋ ᠳᠠᠪᠠᠵᠤ ᠵᠢᠯᠠᠭᠠ ᠥᠭᠡᠳᠡᠯᠡᠵᠦ ᠵᠢᠭᠠᠬᠠᠨ ᠶᠠᠪᠤᠪᠠᠯ ᠲᠠᠢᠵᠢ ᠪᠠᠯᠵᠤᠤᠷ ᠤ᠋ᠨ ᠭᠡᠳᠡᠭ ᠠᠢᠯ ᠪᠠᠢᠭᠰᠠᠨ ᠶᠤᠮ ᠠ᠋! ᠣᠳᠣ ᠴᠣᠬᠣᠮ ᠪᠠᠢᠳᠠᠭ ᠰᠠᠨ ᠪᠣᠯ ᠤᠤ? ᠭᠡᠳ ᠮᠣᠷᠢ ᠪᠠᠨ ᠬᠥᠲᠥᠯᠵᠦ ᠰᠢᠯᠢ ᠶ᠋ᠢᠨ ᠥᠨᠳᠥᠷ ᠢ᠋ᠶ᠋ᠡᠷ ᠭᠡᠶᠦᠷᠡᠵᠦ ᠶᠠᠪᠤᠲᠠᠯᠠ ᠲᠡᠮᠤᠷᠰᠥ᠋ᠬᠡ᠄
— ᠠᠩᠴᠢᠨᠵᠠᠪ ᠠᠪᠠᠭᠠ ᠠ᠋᠂ ᠲᠡᠷᠡ ᠶᠠᠭᠤᠨ ᠤ᠋ ᠤᠯᠤᠰ ᠪᠣᠢ? ᠭᠡᠰᠡᠨ ᠳ᠋ᠦ᠍ ᠠᠩᠴᠢᠨᠵᠠᠪ ᠵᠢᠭᠠᠭᠰᠠᠨ ᠵᠦᠭ ᠲᠦ᠍ ᠬᠠᠷᠠᠪᠠᠯ ᠠᠷᠴᠠᠲᠤ ᠶ᠋ᠢᠨ ᠡᠩᠭᠡᠷ ᠦ᠋ᠨ ᠵᠡᠭᠦᠨ ᠰᠤᠵᠠᠭ ᠢ᠋ᠶ᠋ᠠᠷ ᠬᠣᠷᠢᠭᠠᠳ ᠦᠬᠡᠷ᠂ ᠲᠠᠪᠢ ᠵᠢᠷᠠᠭᠠᠳ ᠬᠣᠨᠢ ᠢᠮᠠᠭᠠ ᠲᠠᠭᠤᠭᠰᠠᠨ ᠬᠡᠳᠦᠨ ᠬᠥᠮᠦᠨ ᠱᠠᠯᠠᠪᠳᠠᠵᠤ ᠶᠠᠪᠤᠨᠠ᠃
— ᠦᠭᠡᠢ᠂ ᠡᠨᠡ ᠶᠠᠭᠤᠨ ᠤ᠋ ᠤᠯᠤᠰ ᠦᠦᠷ ᠬᠠᠷᠠᠩᠭᠤᠢ ᠪᠠᠷ ᠦᠬᠡᠷ ᠮᠠᠯ ᠬᠥᠭᠡᠭᠡᠵᠦ ᠶᠠᠪᠤᠨᠠ ᠪᠣᠢ? ᠠᠷᠠᠢ ᠳᠡᠭᠡᠷᠡᠮ ᠪᠢᠰᠢ ᠪᠢᠵᠡ ᠳᠡ!
— ᠮᠠᠶᠢᠭ ᠢ᠋ ᠨᠢ ᠬᠠᠷᠠᠬᠤ ᠳ᠋ᠤ᠌ ᠮᠠᠭᠠᠳ ᠦᠭᠡᠢ! ᠰᠦᠷᠦᠭ ᠨᠡᠢᠯᠡᠬᠦ ᠦᠭᠡᠢ ᠭᠣᠳ ᠴᠣᠳ ᠶᠠᠭᠤᠮᠠ ᠬᠥᠭᠡᠭᠡᠵᠦ ᠪᠠᠢᠬᠤ ᠪᠠᠷ ᠪᠣᠳᠣᠬᠤ ᠳ᠋ᠤ᠌᠁ ᠭᠡᠵᠦ ᠲᠡᠮᠤᠷᠰᠥ᠋ᠬᠡ ᠶ᠋ᠢ ᠬᠡᠯᠡᠲᠡᠯᠡ ᠠᠩᠴᠢᠨᠵᠠᠪ᠄
— ᠪᠠᠰᠠ ᠶᠠᠮᠠᠷ ᠠᠢᠯ ᠨᠢ ᠡᠨᠡ ᠮᠠᠭᠤ ᠰᠠᠢᠨ ᠭᠠᠷᠯᠢᠭ ᠤ᠋ᠳ ᠲᠤ᠌ ᠮᠠᠯ ᠬᠤᠢ ᠪᠠᠨ ᠲᠣᠨᠣᠭᠤᠯᠵᠤ ᠬᠠᠷᠠᠯᠠᠭᠰᠠᠨ ᠪᠣᠯ? ᠴᠢᠭᠢᠶᠡᠲᠦᠷᠦᠦ᠂ ᠭᠣᠳᠣᠷᠣᠩ ᠣᠷᠣᠳᠠᠭ ᠦᠭᠡᠢ ᠮᠠᠭᠤ ᠰᠠᠢᠨ ᠬᠠᠷᠠ ᠵᠠᠨᠠᠭ ᠤ᠋ᠳ ᠢ᠋ ᠬᠦ! ᠭᠡᠵᠦ ᠵᠦᠬᠡᠭᠡᠳ《ᠶᠠᠪᠤᠶᠠ! ᠣᠴᠢᠵᠤ ᠦᠵᠡᠶᠡ》 ᠭᠡᠳ ᠮᠣᠷᠳᠠᠪᠠ᠃
ᠬᠣᠶᠠᠷ ᠮᠣᠷᠢᠲᠠᠨ ᠤ᠋ ᠪᠠᠷᠠ ᠪᠠᠷ ᠥᠨᠥᠬᠢ ᠬᠥᠮᠦᠰ ᠭᠣᠣ ᠭᠠᠩᠭᠠ ᠪᠠᠷ ᠨᠢᠭᠤᠭᠳᠠᠪᠠ ᠪᠣᠯᠤᠯᠲᠠᠢ ᠪᠠᠷᠠ ᠳᠠᠯᠳᠠᠷᠠᠪᠠ᠃ ᠠᠯᠪᠠ ᠲᠠᠭᠤᠭᠳᠠᠵᠤ ᠶᠠᠪᠤᠭᠰᠠᠨ ᠦᠬᠡᠷ ᠬᠣᠨᠢᠳ ᠴᠤ᠌ ᠠᠷᠤ ᠠ᠋ᠴᠠ ᠨᠢ ᠠᠶᠤᠯᠭᠠᠬᠤ ᠶᠠᠭᠤᠮᠠ ᠦᠭᠡᠢ ᠪᠣᠯᠤᠭᠰᠠᠨ ᠳ᠋ᠤ᠌ ᠬᠡᠳᠦᠨ ᠲᠠᠢᠰᠢ ᠪᠠᠨ ᠪᠤᠲᠠᠷᠠᠪᠠ᠃
ᠠᠩᠴᠢᠨᠵᠠᠪ ᠲᠡᠮᠤᠷᠰᠥ᠋ᠬᠡ ᠬᠣᠶᠠᠷ ᠡᠨᠡ ᠦᠬᠡᠷ ᠬᠣᠨᠢᠳ ᠢ᠋ ᠡᠵᠡᠮᠳᠡᠵᠦ ᠠᠪᠤᠭᠠᠳ ᠪᠣᠷᠣ ᠮᠥᠷ ᠢ᠋ᠶ᠋ᠡᠷ ᠨᠢ ᠪᠤᠴᠠᠭᠠᠭᠠᠳ ᠬᠥᠭᠡᠭᠡᠭᠰᠡᠨ ᠳ᠋ᠦ᠍ ᠰᠢᠯᠤᠭᠤᠬᠠᠨ ᠱᠣᠭᠰᠢᠨᠠ᠃ ᠨᠢᠭᠡ ᠬᠡᠰᠡᠭ ᠬᠥᠭᠡᠭᠡᠵᠦ ᠶᠠᠪᠤᠭᠠᠳ ᠬᠣᠨᠢ ᠢᠮᠠᠭᠠᠳ ᠢ᠋ ᠡᠩᠭᠡᠷ ᠬᠠᠵᠠᠭᠤ ᠲᠡᠢᠰᠢ ᠪᠡᠯᠴᠢᠭᠡᠭᠡᠳ ᠬᠣᠷᠢᠭᠠᠳ ᠦᠬᠡᠷ ᠢ᠋ ᠨᠢ ᠠᠷᠴᠠᠲᠤ ᠶ᠋ᠢᠨ ᠵᠢᠯᠠᠭᠠ ᠥᠭᠡᠳᠡᠯᠡᠭᠦᠯᠪᠡ᠃ ᠡᠩᠭᠡᠷ ᠳᠠᠪᠠᠭᠰᠠᠨ ᠬᠣᠨᠢ ᠢᠮᠠᠭᠠᠳ ᠲᠦᠳᠡᠯ ᠦᠭᠡᠢ ᠪᠠᠷᠠ ᠲᠠᠰᠤᠷᠠᠪᠠ᠃ ᠵᠢᠯᠠᠭᠠ ᠥᠭᠡᠳᠡᠯᠡᠭᠰᠡᠨ ᠦᠬᠡᠷ ᠦ᠋ᠳ ᠭᠣᠣᠯ ᠤ᠋ᠨ ᠪᠤᠷᠭᠠᠰᠤ ᠭᠠᠯᠲᠤᠰᠤᠨ ᠤ᠋ ᠨᠠᠮᠤᠭ ᠵᠦᠯᠭᠡ ᠶ᠋ᠢ ᠪᠠᠷᠢᠵᠤ ᠨᠢᠭᠡ᠂ ᠬᠣᠶᠠᠷ ᠭᠡᠮᠡᠨ ᠠᠯᠬᠤᠮ ᠲᠣᠭᠠᠯᠠᠬᠤ ᠰᠢᠭ᠋ ᠠᠭᠤᠵᠢᠭᠤ ᠲᠠᠢᠪᠤᠩ ᠠᠯᠬᠤᠯᠠᠨᠠ᠃
ᠠᠷᠴᠠᠲᠤ ᠶ᠋ᠢᠨ ᠵᠢᠯᠠᠭᠠ ᠶ᠋ᠢᠨ ᠵᠡᠭᠦᠨ ᠬᠥᠲᠥᠯ ᠳᠡᠭᠡᠷᠡ ᠭᠠᠷᠴᠤ ᠣᠢᠷᠠ ᠣᠷᠴᠢᠮ ᠠᠢᠯ ᠤ᠋ᠨ ᠪᠠᠷᠠ ᠬᠠᠷᠠᠭᠳᠠᠳᠠᠭ ᠪᠣᠯᠪᠠ ᠤᠤ? ᠭᠡᠵᠦ ᠬᠣᠯᠠ ᠶ᠋ᠢ ᠪᠠᠷᠠᠯᠠᠪᠠᠯ᠂ ᠨᠡᠷᠡᠲᠦ ᠶ᠋ᠢᠨ ᠠᠮᠠᠨ ᠳ᠋ᠠᠬᠢ ᠵᠦᠯᠭᠡᠯᠢᠭ ᠠᠯᠭᠠᠭ ᠲᠤ ᠴᠢᠭᠢᠭ ᠦ᠋ᠨ ᠪᠣᠷᠣ ᠮᠥᠭᠥ ᠰᠢᠭ ᠬᠣᠶᠠᠷ ᠪᠥᠨᠲᠥᠭᠡᠷ ᠶᠠᠭᠤᠮᠠ ᠪᠥᠷᠲᠥᠯᠵᠡᠨᠡ᠃ ᠠᠩᠴᠢᠨᠵᠠᠪ ᠳᠤᠷᠠᠨ ᠢ᠋ᠶ᠋ᠠᠨ ᠠᠪᠴᠤ ᠱᠠᠭᠠᠢᠭᠰᠠᠨ ᠳ᠋ᠤ᠌ ᠶᠡᠬᠡ ᠪᠠᠭᠠ ᠬᠣᠶᠠᠷ ᠮᠣᠩᠭᠣᠯ ᠭᠡᠷ ᠬᠠᠷᠠᠭᠠᠨ ᠳ᠋ᠤ᠌ ᠣᠷᠣᠵᠤ ᠰᠢᠪᠡᠭᠡ ᠬᠣᠷᠢᠶᠠᠨ ᠤ᠋ ᠬᠥᠰᠢᠶᠡᠰᠦ ᠡᠴᠡ ᠨᠢ ᠬᠣᠶᠠᠷ ᠮᠣᠷᠢ ᠤᠶᠠᠭᠠᠰᠤᠲᠠᠢ ᠪᠠᠢᠯᠠ᠃ ᠴᠢᠬᠢ ᠬᠠᠢᠴᠢᠯᠠᠭᠰᠠᠨ ᠨᠠᠷᠢᠬᠠᠨ ᠥᠨᠳᠥᠷ ᠴᠡᠭᠡᠵᠢ ᠲᠡᠢ ᠬᠡᠭᠡᠷ ᠵᠢᠰᠦᠮ ᠦ᠋ᠨ ᠮᠣᠷᠢᠨ ᠳ᠋ᠤ᠌ ᠮᠣᠳᠣᠨ ᠳᠥᠷᠥᠭᠡ ᠲᠡᠢ ᠭᠥᠯᠢᠮ ᠦᠭᠡᠢ ᠶᠠᠩᠭᠢᠷᠴᠠᠭ ᠡᠮᠡᠭᠡᠯ ᠲᠣᠬᠣᠵᠤ᠂ ᠴᠠᠪᠢᠯᠠᠭᠤᠷ ᠢ᠋ᠶ᠋ᠠᠷ ᠢ᠋ᠶ᠋ᠠᠨ ᠣᠯᠣᠢᠷ① ᠲᠠᠢ ᠪᠣᠯᠤᠭᠰᠠᠨ ᠨᠢ ᠭᠠᠮ ᠦᠭᠡᠢ ᠭᠠᠯᠯᠠᠳᠠᠭ ᠡᠵᠡᠨ ᠦ᠌ ᠪᠡᠨ ᠬᠠᠯᠠ ᠳ᠋ᠤ᠌ ᠣᠷᠤᠮᠰᠢᠬᠰᠠᠨ ᠲᠡᠮᠳᠡᠭ ᠭᠡᠯᠲᠡᠢ᠃ ᠨᠥᠭᠦᠭᠡ ᠵᠣᠭᠰᠣᠭᠠ ᠪᠠᠷ ᠢ᠋ᠶ᠋ᠠᠨ ᠦᠷᠭᠡᠯᠡᠭᠰᠡᠨ ᠴᠠᠪᠢᠳᠠᠷ ᠬᠡᠭᠡᠷ ᠮᠣᠷᠢᠨ ᠤ᠋ ᠨᠢᠷᠤᠭᠤᠨ ᠳ᠋ᠤ᠌ ᠡᠮᠡᠭᠡᠯ ᠴᠦ᠍ ᠦᠭᠡᠢ ᠲᠣᠬᠣᠮ ᠲᠠᠲᠠᠭᠰᠠᠨ ᠨᠢ ᠵᠢᠯᠪᠢᠩᠲᠦᠭᠰᠡᠨ ᠴᠦ᠍ ᠶᠦᠮ ᠤᠤ ᠭᠡᠵᠦ ᠠᠨᠳᠠᠭᠤᠷᠠᠮᠠᠷ ᠠᠵᠢ᠃ ᠶᠠᠮᠠᠷ ᠨᠢᠭᠡ ᠶᠠᠯᠢ ᠦᠭᠡᠢ ᠠᠨᠢᠷ ᠴᠢᠮᠡᠭᠡᠨ ᠳ᠋ᠦ᠍ ᠰᠡᠷᠳ᠋ ᠬᠢᠬᠦ ᠶ᠋ᠢ ᠠᠨᠳᠠᠬᠤ ᠦᠭᠡᠢ ᠴᠢᠬᠢ ᠰᠣᠯᠪᠢᠨ ᠰᠡᠷᠲᠡᠯᠵᠡᠭᠰᠡᠨ ᠬᠡᠭᠡᠷ ᠮᠣᠷᠢ ᠠᠩᠴᠢᠨᠵᠠᠪ ᠤ᠋ᠨ ᠠᠩᠬᠠᠷᠤᠯ ᠢ᠋ ᠠᠷᠭᠠ ᠦᠭᠡᠢ ᠲᠠᠲᠠᠵᠤ᠄《ᠶᠠᠮᠠᠷ ᠰᠠᠢᠬᠠᠨ ᠮᠣᠷᠢ ᠭᠡᠭᠴᠢ! ᠶᠠᠩᠭᠢᠷᠴᠠᠭ ᠲᠣᠬᠣᠭᠰᠠᠨ ᠨᠢ ᠶᠠᠭᠠᠬᠢᠭᠰᠠᠨ ᠰᠢᠨᠵᠢ ᠮᠠᠭᠤᠲᠠᠢ ᠪᠣᠢ! ᠬᠥᠮᠦᠨ ᠬᠤᠪᠴᠠᠰᠤ ᠵᠠᠰᠠᠯ ᠢ᠋ᠶ᠋ᠠᠷ᠂ ᠮᠣᠷᠢ ᠡᠮᠡᠭᠡᠯ ᠬᠠᠵᠠᠭᠠᠷ ᠢ᠋ᠶ᠋ᠠᠷ ᠭᠡᠳᠡᠭ ᠦᠭᠡ ᠶᠠᠭ ᠦᠨᠡᠨ ᠠᠵᠢ!》 ᠭᠡᠵᠦ ᠪᠣᠳᠣᠪᠠ᠃ ᠮᠣᠩᠭᠣᠯ ᠲᠡᠷᠯᠢᠭ ᠲᠦ᠍ ᠣᠯᠣᠰᠣᠨ ᠳᠡᠭᠡᠰᠦ ᠪᠦᠰᠡᠯᠡᠬᠦ ᠳ᠋ᠦ᠍ ᠶᠠᠮᠠᠷ ᠰᠢᠤᠬᠠᠨ ᠬᠠᠷᠠᠭᠳᠠᠳᠠᠭ ᠪᠣᠯ ᠲᠡᠷᠡ ᠶᠠᠩᠭᠢᠷᠴᠠᠭ ᠲᠠᠢ ᠬᠡᠭᠡᠷ ᠮᠣᠷᠢ ᠠᠩᠴᠢᠨᠵᠠᠪ ᠤ᠋ᠨ ᠳᠣᠲᠣᠷᠠ ᠭᠡᠨᠡᠳᠲᠡ《ᠣᠷᠬᠣᠨ ᠭᠣᠣᠯ ᠤ᠋ᠨ ᠠᠳᠤᠭᠤ》᠂《ᠬᠠᠷᠠ ᠳᠠᠪᠠᠭᠠ᠁》᠂《ᠮᠠᠨᠴᠤᠷᠭᠠ ᠳ᠋ᠤ᠌᠁ ᠬᠠᠷᠠ ᠨᠢᠳᠦᠲᠦ᠁》 ᠭᠡᠬᠦ ᠬᠡᠯᠬᠢᠶᠡᠰᠦ ᠦᠭᠡ ᠴᠠᠬᠢᠯᠠᠬᠤ ᠳ᠋ᠤ᠌《ᠬᠠᠷᠠ ᠨᠢᠳᠦᠲᠦ ᠴᠢ᠁ ᠮᠠᠭᠤ ᠴᠢᠰᠤ ᠶ᠋ᠢ ᠬᠦ!》 ᠭᠡᠵᠦ ᠡᠷᠬᠡ ᠦᠭᠡᠢ ᠳᠦᠳᠦᠨᠡᠨ ᠬᠥᠮᠥᠭᠡᠢ ᠪᠡᠨ ᠵᠠᠭᠤᠪᠠ᠃
ᠲᠡᠷᠲᠡᠭᠡ ᠬᠥᠲᠥᠯ ᠦ᠋ᠨ ᠴᠠᠭᠠᠭᠤᠷ ᠨᠠᠷᠠ ᠪᠤᠯᠲᠠᠢᠵᠤ᠂ ᠠᠷᠴᠠᠲᠤ ᠶ᠋ᠢᠨ ᠡᠩᠭᠡᠷ᠂ ᠣᠷᠪᠣᠭ ᠤ᠋ᠨ ᠰᠢᠯᠢ᠂ ᠨᠡᠷᠡᠲᠦ ᠶ᠋ᠢᠨ ᠬᠥᠨᠳᠡᠢ ᠶ᠋ᠢ ᠥᠩᠭᠡ ᠪᠣᠳᠣᠭ ᠲᠠᠢ ᠪᠣᠯᠭᠠᠪᠠ᠃
— ᠲᠡᠮᠤᠷᠰᠥ᠋ᠬᠡ᠂ ᠮᠢᠨᠦ ᠬᠦᠦ ᠲᠡᠷᠡ᠂ ᠲᠠ— ᠷᠠ ᠠᠢᠯ ᠳ᠋ᠤ᠌ ᠣᠷᠣᠵᠤ ᠪᠡᠶᠡ ᠪᠡᠨ ᠠᠳᠤᠭᠤᠨ ᠤ᠋ ᠡᠷᠢᠯ ᠦ᠋ᠨ ᠬᠥᠮᠦᠨ ᠭᠡᠵᠦ ᠬᠡᠯᠡ!
— ᠵᠠ᠂ ᠲᠡᠭᠡᠶᠡ!
— ᠠᠯᠠᠭ ᠲᠠᠢ ᠪᠤᠯᠠᠭ ᠲᠠᠢ ᠬᠡᠳᠦᠨ ᠠᠳᠤᠭᠤ ᠡᠨᠡᠭᠦᠷ ᠬᠠᠷᠠᠭᠳᠠᠪᠠ ᠤᠤ? ᠭᠡᠳ ᠲᠡᠷᠡ ᠠᠢᠯ ᠳ᠋ᠤ᠌ ᠣᠷᠣᠵᠤ ᠰᠢᠪᠡᠭᠡᠨ ᠬᠣᠷᠢᠶᠠᠨ ᠠ᠋ᠴᠠ ᠤᠶᠠᠭᠠᠰᠤᠲᠠᠢ ᠬᠡᠭᠡᠷ ᠮᠣᠷᠢᠨ ᠤ᠋ ᠡᠵᠡᠨ ᠴᠣᠬᠣᠮ ᠶᠠᠮᠠᠷ ᠬᠥᠮᠦᠨ ᠭᠡᠳᠡᠭ ᠢ᠋ ᠮᠡᠳᠡᠭᠡᠳ ᠰᠡᠷᠡᠮᠵᠢᠲᠡᠢ ᠪᠠᠢ᠃ ᠪᠦᠯᠲᠡᠢᠭᠰᠡᠨ ᠳᠠᠪᠬᠤᠷᠠ ᠬᠠᠷᠠ ᠨᠢᠳᠦ ᠲᠡᠢ ᠮᠠᠷᠢᠶᠠᠯᠢᠭ ᠪᠡᠶᠡ ᠲᠡᠢ᠂ ᠦᠭᠡ ᠬᠡᠯᠡᠬᠦ ᠪᠣᠯᠭᠠᠨ《ᠡᠬᠡ ᠶ᠋ᠢᠨ ᠬᠢᠨᠢ ᠤᠩᠬᠤᠷ》 ᠭᠡᠳᠡᠭ ᠬᠥᠮᠦᠨ ᠪᠠᠢᠪᠠᠯ ᠲᠡᠨᠳᠡ ᠤᠳᠠᠵᠤ ᠪᠣᠯᠬᠤ ᠦᠭᠡᠢ᠃ ᠠᠰᠠᠭᠤᠬᠤ ᠪᠠᠨ ᠠᠰᠠᠭᠤᠴᠢᠬᠠᠭᠠᠳ ᠭᠠᠷᠴᠤ ᠶᠠᠪᠤᠬᠤ ᠳ᠋ᠠᠭᠠᠨ ᠪᠣᠯᠣᠮᠵᠢᠲᠠᠢ ᠪᠣᠯ ᠲᠡᠷᠡ ᠬᠡᠭᠡᠷ ᠮᠣᠷᠢ ᠶ᠋ᠢ ᠬᠥᠲᠥᠯᠦᠭᠡᠳ ᠵᠡᠭᠦᠨᠰᠢ ᠳᠠᠪᠬᠢ! ᠪᠣᠯᠤᠮᠵᠢ ᠦᠭᠡᠢ ᠪᠣᠯ ᠬᠡᠭᠡᠷ ᠮᠣᠷᠢᠨ ᠤ᠋ ᠴᠤᠯᠪᠤᠭᠤᠷ ᠢ᠋ ᠣᠭᠲᠣᠯᠵᠤ ᠳᠠᠰᠤᠯ! ᠪᠢ ᠮᠥᠨ ᠲᠡᠷᠡᠭᠦᠬᠡᠨ ᠳ᠋ᠦ᠍ ᠯᠡ ᠪᠠᠢᠶᠠ! ᠭᠡᠪᠡ᠃
ᠲᠡᠮᠤᠷᠰᠥ᠋ᠬᠡ《ᠵᠠ!》 ᠭᠡᠳ ᠲᠡᠷᠡ ᠠᠢᠯ ᠵᠦᠭ ᠮᠣᠷᠳᠠᠬᠤ ᠳ᠋ᠤ᠌ ᠠᠩᠴᠢᠨᠵᠠᠪ᠄
— ᠮᠢᠨᠦ ᠬᠦᠦ ᠬᠡᠷᠰᠡᠦᠯᠡ! ᠴᠠᠭᠠᠳᠤᠬᠢ ᠴᠢᠨᠢ ᠲᠡᠢᠮᠦ ᠬᠢᠮᠳᠠᠬᠠᠨ ᠶᠠᠭᠤᠮᠠ ᠪᠢᠰᠢ ᠰᠢᠦ! ᠭᠡᠳ ᠠᠷᠤ ᠠ᠋ᠴᠠ ᠨᠢ ᠰᠠᠨᠠᠭᠤᠯᠵᠤ ᠬᠡᠯᠡᠪᠡᠯ ᠲᠡᠮᠤᠷᠰᠥ᠋ᠬᠡ᠄
— ᠵᠠ᠂ ᠮᠡᠳᠡᠯᠡ! ᠠᠪᠠᠭᠠ ᠠ᠋! ᠭᠡᠳ ᠮᠣᠷᠢᠨ ᠳ᠋ᠠᠭᠠᠨ ᠲᠠᠰᠢᠭᠤᠷ ᠥᠭᠪᠡ᠃
ᠬᠠᠷᠠᠵᠤ ᠪᠠᠢᠲᠠᠯᠠ ᠨᠢᠭᠡ ᠯᠡ ᠪᠢᠵᠢᠬᠢᠨᠠᠭᠡᠳ ᠲᠡᠷᠡ ᠠᠢᠯ ᠤ᠋ᠨ ᠬᠠᠶᠠᠭᠠᠨ ᠳ᠋ᠤ᠌ ᠲᠣᠭᠣᠰᠣᠨ ᠳ᠋ᠠᠭᠠᠨ ᠪᠠᠭᠯᠠᠷᠠᠭᠠᠳ ᠪᠠᠭᠤᠴᠢᠬᠠᠬᠤ ᠰᠢᠦ ᠪᠣᠯᠤᠯᠠ᠁
ᠠᠩᠴᠢᠨᠵᠠᠪ ᠳᠠᠯᠢᠩ ᠠ᠋ᠴᠠ ᠪᠠᠨ ᠰᠤᠷ ᠭᠣᠭᠴᠣᠭᠠ ᠲᠠᠢ ᠬᠢᠯᠭᠠᠰᠤᠨ ᠴᠠᠯᠮᠠ ᠭᠠᠷᠭᠠᠵᠤ ᠠᠪᠤᠭᠠᠳ ᠳᠡᠭᠡᠭᠦᠷ ᠬᠢᠷᠠᠯᠠᠵᠤ ᠶᠠᠪᠤᠨ ᠲᠡᠷᠡ ᠠᠢᠯ ᠤ᠋ᠨ ᠠᠷᠤ ᠠ᠋ᠴᠠ ᠨᠢ ᠪᠠᠭᠤᠵᠤ ᠣᠴᠢᠬᠤ ᠪᠠᠷ ᠬᠥᠳᠡᠯᠪᠡ᠃
ᠲᠡᠮᠤᠷᠰᠥ᠋ᠬᠡ ᠲᠡᠷᠡ ᠠᠢᠯ ᠤ᠋ᠨ ᠰᠢᠪᠡᠭᠡ ᠬᠣᠷᠢᠶᠠᠨ ᠤ᠋ ᠪᠠᠷᠠᠭᠤᠨ ᠲᠠᠯᠠ ᠠ᠋ᠴᠠ ᠨᠢ ᠨᠥᠷᠢᠵᠦ ᠣᠴᠢᠭᠰᠠᠨ ᠳ᠋ᠤ᠌ ᠬᠣᠷᠢᠶᠠᠨ ᠤ᠋ ᠥᠴᠥᠭ ᠲᠦ᠍ ᠬᠠᠯᠲᠠᠷ ᠨᠣᠬᠠᠢ ᠶ᠋ᠢᠨ ᠦᠬᠦᠳᠡᠯ ᠪᠠᠢᠪᠠ᠃ ᠲᠠᠷᠢᠬᠢ ᠨᠢ ᠭᠣᠭᠣᠵᠢᠭᠰᠠᠨ ᠠ᠋ᠴᠠ ᠦᠵᠡᠪᠡᠯ ᠲᠣᠯᠣᠭᠠᠢ ᠶ᠋ᠢ ᠨᠢ ᠫᠤᠤᠳᠠᠭᠰᠠᠨ ᠪᠣᠯᠤᠯᠲᠠᠢ᠃ ᠥᠭᠡᠳᠡ ᠡᠴᠡ ᠨᠢ ᠬᠡᠳᠦᠨ ᠤᠯᠠᠭᠠᠨ ᠬᠠᠯᠲᠠᠷ ᠨᠣᠬᠠᠢ ᠲᠤᠯᠵᠤ ᠢᠷᠡᠭᠡᠳ ᠰᠦᠷᠡᠬᠡᠢ ᠠᠭᠰᠤᠷᠤᠨ ᠲᠡᠭᠦᠨ ᠢ᠋ ᠮᠣᠷᠢᠨ ᠠ᠋ᠴᠠ ᠨᠢ ᠪᠠᠭᠤᠯᠭᠠᠬᠤ ᠦᠭᠡᠢ ᠰᠠᠨᠳᠤᠷᠭᠠᠪᠠ᠃ ᠠᠷᠰᠯᠠᠨ ᠰᠦᠷ ᠲᠡᠢ ᠪᠡᠶᠡᠷᠬᠡᠭ ᠤᠯᠠᠭᠠᠨ ᠬᠠᠯᠲᠠᠷ ᠨᠣᠬᠠᠢ ᠲᠡᠮᠤᠷᠰᠥ᠋ᠬᠡ ᠶ᠋ᠢᠨ ᠪᠤᠷᠤᠭᠤ ᠲᠠᠯᠠ ᠠ᠋ᠴᠠ ᠴᠣᠷᠣᠢᠨ ᠦᠰᠦᠷᠴᠦ ᠡᠮᠡᠭᠡᠯ ᠦ᠋ᠨ ᠪᠦᠭᠦᠷᠭᠡ ᠡᠴᠡ ᠶᠠᠭᠤᠮᠠ ᠰᠢᠭᠦᠷᠡᠮᠡᠷ ᠪᠠᠢᠪᠠ᠃ ᠲᠡᠮᠤᠷᠰᠥ᠋ᠬᠡ ᠰᠤᠬᠠᠢ ᠲᠠᠰᠢᠭᠤᠷ ᠤ᠋ᠨ ᠪᠦᠷᠢᠶᠡ ᠪᠡᠷ ᠲᠡᠷᠡ ᠨᠣᠬᠠᠢ ᠶ᠋ᠢᠨ ᠰᠠᠷᠢᠰᠤᠨ ᠬᠣᠩᠰᠢᠶᠠᠷ ᠳᠡᠭᠡᠷᠡ ᠨᠢ ᠪᠠᠭᠤᠯᠭᠠᠵᠤ ᠣᠷᠬᠢᠭᠰᠠᠨ ᠳ᠋ᠤ᠌《ᠶᠠᠩ》 ᠭᠡᠵᠦ ᠭᠠᠰᠠᠯᠤᠨ ᠬᠣᠷᠢᠶᠠᠨ ᠤ᠋ ᠴᠠᠭᠠᠭᠤᠷ ᠵᠢᠭᠤᠲᠠᠪᠠ᠃ ᠨᠥᠭᠦᠭᠡ ᠬᠡᠳᠦᠨ ᠨᠣᠬᠠᠢ ᠣᠮᠣᠭ ᠨᠢ ᠪᠠᠭᠤᠬᠤ ᠦᠭᠡᠢ ᠮᠣᠷᠢᠨ ᠤ᠋ ᠬᠥᠯ ᠲᠤᠰᠢᠵᠤ ᠡᠷᠭᠢᠨ ᠲᠣᠭᠣᠷᠢᠨ ᠬᠣᠷᠭᠣᠭᠣᠬᠤ ᠳ᠋ᠤ᠌ ᠲᠡᠮᠤᠷᠰᠥ᠋ᠬᠡ᠄
ᠲᠡᠮᠤᠷᠰᠥ᠋ᠬᠡ ᠶ᠋ᠢᠨ ᠠᠷᠤ ᠠ᠋ᠴᠠ ᠫᠤᠤᠳᠠᠭᠰᠠᠨ ᠮᠥᠷᠥ ᠱᠠᠯᠳᠠᠩ ᠴᠦᠷᠳᠡᠭᠡᠷ ᠴᠡᠭᠡᠵᠢ ᠲᠡᠢ ᠮᠠᠷᠢᠶᠠᠯᠢᠭ ᠡᠷᠡ ᠪᠣᠯ ᠬᠠᠷᠠ ᠨᠢᠳᠦᠲᠦ ᠪᠠᠢᠵᠠᠢ᠃
ᠲᠡᠷᠡ ᠪᠡᠷ ᠥᠩᠭᠡᠷᠡᠭᠴᠢ ᠰᠥᠨᠢ ᠬᠠᠷᠠ ᠳᠠᠪᠠᠭᠠᠨ ᠳᠡᠭᠡᠷᠡ ᠣᠯᠵᠠ ᠬᠤᠰᠠᠷᠠᠭᠰᠠᠨ ᠳ᠋ᠠᠭᠠᠨ ᠬᠠᠷᠠᠭᠤᠰᠴᠤ ᠮᠤᠨᠠ ᠶ᠋ᠢᠨ ᠠᠷᠤ ᠪᠠᠷ ᠠᠭᠤᠯᠠ ᠪᠡᠯᠯᠡᠨ ᠦᠬᠡᠷ ᠮᠠᠯ ᠲᠣᠨᠣᠵᠤ ᠶᠠᠪᠤᠭᠠ ᠨᠢ ᠡᠨᠡ᠃ ᠪᠡᠬᠢᠲᠤ ᠶ᠋ᠢᠨ ᠠᠷᠤ᠂ ᠰᠠᠭᠠᠳᠠᠭ᠂ ᠬᠥᠬᠡᠡᠥ᠋ᠨᠳᠦᠷ᠂ ᠬᠠᠢᠯᠠᠰᠤᠲᠠᠢ ᠶ᠋ᠢᠨ ᠠᠮᠠ ᠶ᠋ᠢ ᠳᠠᠭᠠᠷᠢᠵᠤ ᠶᠠᠪᠤᠬᠤ ᠳ᠋ᠤ᠌ ᠣᠯᠵᠠ ᠶ᠋ᠢᠨ ᠰᠢᠨᠤᠭ ᠢ᠋ ᠨᠢ ᠬᠠᠩᠭᠠᠬᠤ ᠣᠯᠢᠭᠲᠠᠢ ᠭᠠᠨᠵᠤᠭᠠ ᠲᠠᠭᠠᠷᠠᠭᠰᠠᠨ ᠦᠭᠡᠢ᠃ ᠦᠦᠷ ᠦ᠋ᠨ ᠬᠠᠶᠠᠭᠠ ᠲᠡᠮᠳᠡᠭᠷᠡᠬᠦ ᠳ᠋ᠦ᠍ ᠨᠡᠷᠡᠲᠦ ᠶ᠋ᠢᠨ ᠠᠮᠠᠨ ᠤ᠋ ᠶᠠᠳᠠᠭᠤ ᠲᠠᠢᠵᠢ ᠪᠠᠯᠵᠤᠤᠷ ᠤ᠋ᠨ ᠬᠢᠨ ᠦ᠌ ᠡᠭᠦᠳᠡᠨ ᠳ᠋ᠦ᠍ ᠴᠥᠭᠡᠪᠦᠷ ᠦᠬᠡᠷ ᠮᠠᠯ ᠬᠠᠷᠠᠭᠳᠠᠭᠰᠠᠨ ᠳ᠋ᠤ᠌᠂ ᠲᠤᠨᠤᠭᠠᠨ ᠤ᠋ ᠬᠡᠳᠦ ᠳ᠋ᠡᠭᠡᠨ ᠬᠣᠲᠠ ᠲᠠᠢ ᠮᠠᠯ ᠢ᠋ ᠨᠢ ᠲᠠᠭᠤᠵᠤ ᠶᠠᠪᠤᠭᠤᠯᠴᠢᠬᠠᠭᠠᠳ ᠵᠣᠪᠠᠯᠭᠠ ᠭᠡᠳᠡᠭ ᠲᠡᠢ ᠪᠡᠨ ᠬᠣᠶᠠᠭᠤᠯᠠ ᠡᠨᠡ ᠠᠢᠯ ᠳ᠋ᠤ᠌ ᠣᠷᠣᠬᠤ ᠭᠡᠰᠡᠨ ᠳ᠋ᠦ᠍ ᠬᠡᠳᠦᠨ ᠨᠣᠬᠠᠢ ᠬᠥᠮᠦᠨ ᠪᠠᠷᠢᠵᠤ ᠢᠳᠡᠮᠡᠷ ᠠᠭᠰᠤᠷᠤᠭᠠᠳ ᠪᠣᠯᠳᠠᠭ ᠦᠭᠡᠢ ᠳ᠋ᠦ᠍ ᠨᠢᠭᠡ ᠶ᠋ᠢ ᠨᠢ ᠫᠤᠤᠳᠠᠵᠤ ᠠᠯᠠᠵᠠᠢ᠃ ᠪᠠᠯᠵᠤᠤᠷ ᠭᠡᠷ ᠲᠡᠭᠡᠨ ᠪᠠᠢᠭᠰᠠᠨ ᠦᠭᠡᠢ᠂ ᠬᠥᠭᠰᠢᠨ ᠰᠡᠷᠵᠢᠮᠠ ᠨᠢ ᠥᠬᠢᠨ ᠲᠡᠢ ᠪᠡᠨ ᠭᠦᠩᠭᠠᠷᠠᠪᠠ ᠶ᠋ᠢᠨ ᠢ᠋ᠶ᠋ᠡᠨ ᠪᠤᠯᠤᠩ ᠳ᠋ᠤ᠌ ᠪᠡᠭᠡᠪᠡᠢᠨ ᠨᠢᠭᠤᠭᠳᠠᠵᠤ《ᠪᠤᠷᠬᠠᠨ ᠭᠤᠷᠪᠠᠨ ᠡᠷᠳᠡᠨᠢ ᠮᠢᠨᠢ ᠠ᠋!》 ᠭᠡᠵᠦ ᠰᠦᠵᠢᠭ ᠪᠢᠰᠢᠷᠡᠯ ᠳ᠋ᠡᠭᠡᠨ ᠠᠯᠢᠪᠠ ᠪᠠᠨ ᠳᠠᠭᠠᠳᠬᠠᠨᠠ᠃
ᠭᠠᠳᠠᠨᠠ ᠨᠣᠬᠠᠢ ᠶᠠᠷᠭᠢᠨ ᠬᠣᠷᠭᠣᠭᠣᠨᠠ᠃ ᠡᠭᠦᠳᠡ ᠬᠦᠴᠦᠲᠡᠢ ᠲᠠᠲᠠᠵᠤ ᠬᠠᠷᠴᠢᠭᠢᠨᠠᠭᠤᠯᠬᠤ ᠶ᠋ᠢᠨ ᠳᠠᠭᠠᠤ᠄
— ᠡᠭᠦᠳᠡ ᠪᠡᠨ ᠲᠠᠢᠯ! ᠡᠬᠡ ᠶ᠋ᠢᠨ ᠬᠢᠨᠢ ᠤᠩᠬᠤᠷ!
— ᠡᠭᠦᠳᠡ ᠲᠠᠢᠯᠬᠤ ᠦᠭᠡᠢ ᠪᠣᠯ ᠭᠡᠷ ᠢ᠋ ᠴᠢᠨᠢ ᠭᠠᠯᠳᠠᠯᠠ! ᠭᠡᠬᠦ ᠬᠠᠬᠢᠷ ᠳᠠᠭᠤᠨ ᠨᠣᠬᠠᠢ ᠬᠣᠷᠭᠣᠭᠣᠬᠤ ᠳᠠᠭᠤᠨ ᠲᠠᠢ ᠬᠣᠯᠢᠯᠳᠤᠵᠤ ᠰᠣᠨᠣᠰᠳᠠᠬᠤ ᠨᠢ ᠴᠠᠭᠠᠨᠠ ᠪᠠᠨ ᠵᠢᠪᠡᠭᠦᠨ ᠪᠠᠢᠪᠠ᠃ ᠡᠢᠨ ᠬᠦ᠌ ᠲᠩᠷᠢ ᠭᠠᠵᠠᠷ ᠤᠷᠪᠠᠭᠰᠠᠨ ᠰᠢᠭ᠋ ᠬᠡᠴᠡᠭᠦᠦ ᠶᠠᠭᠤᠮᠠ ᠪᠣᠯᠬᠤ ᠳ᠋ᠤ᠌ ᠬᠥᠭᠰᠢᠨ ᠥᠴᠥᠭᠡᠨᠡᠨ ᠪᠣᠰᠪᠠᠯ᠂ ᠡᠬᠡ ᠶ᠋ᠢᠨ ᠢ᠋ᠶ᠋ᠡᠨ ᠴᠠᠷᠪᠠᠭᠤ ᠠ᠋ᠴᠠ ᠵᠠᠭᠤᠷᠠᠭᠰᠠᠨ ᠥᠬᠢᠨ ᠨᠢ᠄
— ᠡᠵᠢ ᠠ᠋᠂ ᠪᠢᠲᠡᠭᠡᠢ ᠡᠭᠦᠳᠡ ᠲᠠᠢᠯ! ᠪᠢ ᠠᠶᠤᠵᠤ ᠪᠠᠢᠨᠠ! ᠭᠡᠵᠡᠢ᠃
— ᠴᠠᠭᠠᠳᠤᠭᠤᠯᠠ ᠴᠢᠨᠢ ᠭᠡᠷ ᠭᠠᠯᠳᠠᠨᠠ ᠭᠡᠵᠦ ᠪᠠᠢᠬᠤ ᠳ᠋ᠤ᠌᠁ ᠬᠡᠦᠬᠡᠨ ᠮᠢᠨᠢ᠁ ᠡᠭᠦᠳᠡ ᠲᠠᠢᠯᠵᠤ᠂ ᠡᠳᠡᠨᠥᠰ ᠲᠡᠢ ᠦᠭᠡ ᠪᠡᠨ ᠣᠯᠤᠯᠴᠠᠶᠠ! ᠭᠡᠳ ᠰᠡᠷᠵᠢᠮᠠ ᠬᠥᠭᠰᠢᠨ ᠡᠭᠦᠳᠡᠨ ᠦ᠌ ᠰᠤᠷ ᠣᠭᠣᠰᠣᠷ ᠢ᠋ ᠲᠠᠢᠯᠪᠠ᠃
ᠡᠭᠦᠳᠡ ᠢᠰᠬᠦᠯᠦᠨ ᠣᠷᠣᠵᠤ ᠢᠷᠡᠭᠰᠡᠨ ᠵᠢᠰᠦ ᠪᠤᠷᠤᠭᠤ ᠬᠣᠶᠠᠷ ᠡᠷᠡ ᠶ᠋ᠢᠨ ᠴᠢᠷᠠᠢ ᠨᠢ ᠬᠡᠭᠵᠡᠢᠵᠦ᠄
— ᠡᠭᠦᠳᠡ ᠪᠡᠨ ᠲᠠᠢᠯᠳᠠᠭ ᠦᠭᠡᠢ ᠨᠢ ᠶᠠᠭᠠᠬᠢᠪᠠ? ᠲᠠᠢᠯᠬᠤ ᠦᠭᠡᠢ ᠪᠠᠢᠨᠠ ᠪᠢᠵᠡ! ᠮᠠᠭᠤ ᠤᠩᠭᠠᠰᠤᠨ ᠭᠡᠷ ᠢ᠋ᠶ᠋ᠡᠨ ᠭᠠᠯ ᠣᠷᠣᠬᠤ ᠠ᠋ᠴᠠ ᠠᠶᠤᠪᠠ ᠤᠤ? ᠡᠬᠡ ᠶ᠋ᠢᠨ ᠬᠢᠨᠢ ᠤᠩᠬᠤᠷ! ᠭᠡᠵᠦ ᠪᠦᠯᠲᠡᠢᠭᠰᠡᠨ ᠨᠢᠳᠦ ᠲᠡᠢ ᠪᠣᠭᠣᠨᠢᠬᠠᠨ ᠮᠠᠷᠢᠶᠠᠯᠢᠭ ᠡᠷᠡ ᠬᠠᠷᠢᠶᠠᠯ ᠲᠠᠯᠪᠢᠭᠰᠠᠨ ᠳ᠋ᠤ᠌ ᠰᠡᠷᠵᠢᠮᠠ ᠬᠥᠭᠰᠢᠨ᠄
— ᠦᠭᠡᠢ ᠠ᠋᠂ ᠦᠭᠡᠢ! ᠭᠡᠳ ᠲᠡᠷᠡ ᠡᠷᠡ ᠶ᠋ᠢᠨ ᠴᠢᠷᠠᠢ ᠥᠭᠡᠳᠡ ᠬᠠᠷᠠᠬᠤ ᠠ᠋ᠴᠠ ᠪᠠᠨ ᠬᠠᠯᠢᠷᠠᠨᠠ᠃
ᠳᠠᠯᠠᠢ ᠳ᠋ᠠᠭᠠᠨ ᠠᠬᠤᠷ ᠫᠤᠤ ᠬᠠᠪᠴᠢᠭᠤᠯᠵᠤ ᠰᠦᠪᠡᠭᠡ ᠲᠤᠯᠤᠨ ᠵᠣᠭᠰᠣᠭᠰᠠᠨ ᠬᠣᠶᠠᠷ ᠡᠷᠡ ᠶ᠋ᠢᠨ ᠬᠥᠮᠦᠨ ᠠᠯᠠᠬᠤ ᠲᠣᠭᠰᠢᠨ ᠳᠦᠷᠢ ᠶ᠋ᠢ ᠬᠠᠷᠠᠭᠰᠠᠨ ᠬᠥᠭᠰᠢᠨ ᠳᠣᠲᠣᠷᠠ ᠪᠠᠨ ᠠᠭᠵᠠᠰᠬᠢᠵᠦ ᠠᠪᠤᠨ《ᠶᠠᠭᠤ ᠠᠪᠤᠪᠠᠯ ᠶᠠᠭᠤ ᠪᠠᠨ ᠠᠪᠤᠭᠠᠳ ᠠᠷᠢᠯᠤᠭ ᠴᠠᠭᠠᠰᠢ! ᠠᠮᠢ ᠪᠡᠶᠡ᠂ ᠥᠬᠢᠨ ᠳ᠋ᠦ᠍ ᠮᠢᠨᠢ ᠬᠬᠢᠷ ᠬᠠᠯᠳᠠᠭᠠᠬᠤ ᠦᠭᠡᠢ ᠯᠡ ᠪᠣᠯ᠁》 ᠭᠡᠵᠦ ᠪᠣᠳᠣᠨ《ᠲᠠ ᠨᠠᠷ ᠮᠢᠨᠢ! ᠡᠬᠡ ᠥᠬᠢᠨ ᠬᠣᠶᠠᠷ ᠢ᠋ ᠥᠷᠥᠰᠢᠶᠡ!》 ᠭᠡᠵᠦ ᠠᠯᠠᠭᠠ ᠬᠠᠪᠰᠤᠷᠤᠨ ᠵᠠᠯᠪᠠᠷᠢᠪᠠ᠃
ᠰᠡᠷᠵᠢᠮᠠ ᠬᠥᠭᠰᠢᠨ ᠪᠣᠳᠣᠯ ᠰᠠᠮᠭᠠᠷᠳᠠᠵᠤ ᠬᠥᠰᠡᠷ ᠡᠷᠭᠢᠯᠳᠦᠨ ᠮᠥᠷᠭᠥᠬᠦ ᠳ᠋ᠦ᠍ ᠱ᠌ᠢᠷᠦᠨ ᠰᠢᠭᠢᠳᠬᠡᠭᠡᠷᠢ ᠲᠡᠢ ᠮᠥᠩᠭᠥᠨ ᠪᠠᠭᠤᠤ ᠭᠢᠯᠠᠰ ᠬᠢᠬᠦ ᠶ᠋ᠢ ᠵᠣᠪᠠᠯᠭᠠ ᠬᠠᠷᠠᠭᠠᠳ《ᠵᠠ᠂ ᠪᠠᠢᠵᠠ! ᠡᠨᠡ ᠴᠢᠨᠢ ᠳᠣᠷᠢᠭᠤᠨ ᠡᠳ᠋ ᠪᠠᠢᠨᠠ ᠬᠦ!》 ᠭᠡᠳ ᠬᠥᠭᠰᠢᠨ ᠦ᠌ ᠮᠥᠩᠭᠥᠨ ᠪᠠᠭᠤᠤ ᠶ᠋ᠢ ᠮᠤᠯᠲᠤᠯᠬᠤ ᠭᠡᠰᠡᠨ ᠳ᠋ᠦ᠍ ᠴᠠᠭᠠᠨᠠ ᠠ᠋ᠴᠠ ᠥᠬᠢᠨ ᠨᠢ ᠭᠦᠶᠦᠨ ᠪᠣᠰᠴᠤ᠄
— ᠪᠠᠢᠭ! ᠲᠠᠨᠤᠰ!᠁ ᠭᠡᠳ ᠡᠬᠡ ᠶ᠋ᠢᠨ ᠢ᠋ᠶ᠋ᠡᠨ ᠭᠠᠷ ᠢ᠋ ᠨᠥᠭᠦᠭᠡ ᠬᠣᠶᠠᠷ ᠡᠷᠡ ᠶ᠋ᠢᠨ ᠭᠠᠷ ᠠ᠋ᠴᠠ ᠪᠤᠯᠢᠶᠠᠪᠠᠯ ᠪᠦᠯᠲᠡᠢᠭᠰᠡᠨ ᠨᠢᠳᠦ ᠲᠡᠢ ᠮᠠᠷᠢᠶᠠᠯᠢᠭ ᠡᠷᠡ᠄
— ᠬᠥᠶᠢ! ᠡᠨᠡ ᠬᠠᠷᠢᠨ ᠡᠷᠡ ᠶ᠋ᠢᠨ ᠴᠡᠨᠡᠭ ᠢ᠋ ᠭᠣᠪᠣᠭᠣᠨᠠᠭᠤᠯᠳᠠᠭ ᠬᠠᠩᠭᠢ ᠶᠠᠭᠤᠮᠠ ᠪᠠᠢᠬᠤ ᠴᠢᠨᠢ᠁ ᠭᠡᠳ ᠥᠬᠢᠨ ᠦ᠌ ᠪᠤᠯᠪᠠᠷᠠᠢᠬᠠᠨ ᠡᠷᠡᠦ ᠶ᠋ᠢ ᠴᠢᠮᠬᠢᠯᠡᠨ ᠰᠢᠪᠲᠤᠷᠠᠵᠤ《ᠠ᠂ ᠬᠠ᠁ ᠬᠠ᠁》 ᠭᠡᠵᠦ ᠱᠠᠯᠢᠭ ᠢᠨᠢᠶᠡᠨᠡ᠃
— ᠪᠠᠢᠭ ᠳᠠ! ᠮᠢᠨᠦ ᠥᠬᠢᠨ ᠢ᠋᠁ ᠲᠠ ᠨᠠᠷ ᠢ᠋ ᠭᠤᠶᠤᠶᠠ ᠭᠡᠮ! ᠥᠬᠢᠨ ᠮᠢᠨᠢ ᠥᠨᠥ ᠨᠠᠮᠤᠷ ᠬᠠᠳᠠᠮ ᠳ᠋ᠤ᠌ ᠮᠣᠷᠳᠠᠨᠠ᠁ ᠭᠡᠳ ᠬᠥᠭᠰᠢᠨ ᠮᠠᠷᠢᠶᠠᠯᠢᠭ ᠡᠷᠡ ᠶ᠋ᠢᠨ ᠬᠣᠷᠮᠣᠢ ᠠ᠋ᠴᠠ ᠵᠠᠭᠤᠷᠠᠭᠰᠠᠨ ᠳ᠋ᠤ᠌ ᠭᠡᠨᠡᠳᠲᠡ《ᠫᠠᠩ》 ᠭᠡᠵᠦ ᠫᠤᠤ ᠳᠤᠤᠭᠠᠷᠴᠤ ᠲᠣᠭᠣᠨᠣ ᠠ᠋ᠴᠠ ᠲᠣᠭᠣᠰᠣ ᠪᠤᠵᠢᠭᠢᠨᠠᠵᠠᠢ᠃
— ᠥᠴᠢᠷᠠᠢ ᠴᠢᠨᠢ᠂ ᠬᠠᠯᠠᠭ ᠴᠠᠭᠠᠰᠢ ᠪᠠᠨ! ᠭᠡᠵᠦ ᠰᠡᠷᠵᠢᠮᠠ ᠬᠥᠭᠰᠢᠨ ᠤᠤᠯᠭᠠ ᠠᠯᠲᠠᠨ ᠪᠠᠷᠢᠵᠤ ᠲᠠᠯᠪᠢᠬᠤ ᠪᠠᠨ ᠣᠯᠬᠤ ᠦᠭᠡᠢ ᠰᠠᠮᠭᠠᠷᠳᠠᠨ《ᠪᠢᠲᠡᠭᠡᠢ ᠫᠤᠤᠳᠠ! ᠪᠢᠲᠡᠭᠡᠢ᠁》 ᠭᠡᠳ ᠥᠨᠥᠬᠢ ᠶ᠋ᠢᠨ ᠭᠠᠷ ᠫᠤᠤ ᠲᠠᠢ ᠨᠢ ᠦᠬᠦᠨ ᠵᠠᠭᠤᠷᠠᠯᠳᠤᠪᠠ᠃
— ᠦᠬᠦᠬᠦ ᠨᠢ ᠳᠤᠲᠠᠵᠤ ᠪᠠᠢᠨᠠ ᠤᠤ ᠮᠠᠭᠤ ᠬᠥᠭᠰᠢᠨ ᠵᠥᠨᠥᠲᠦᠭ! ᠭᠡᠳ ᠵᠣᠪᠠᠯᠭᠠ ᠬᠥᠭᠰᠢᠨ ᠦ᠌ ᠲᠠᠬᠢᠮ ᠤᠷᠤᠭᠤ ᠨᠢ ᠫᠤᠤᠳᠠᠭᠰᠠᠨ ᠳ᠋ᠤ᠌ ᠬᠥᠭᠰᠢᠨ ᠡᠪᠦᠳᠦᠭ ᠢ᠋ᠶ᠋ᠡᠷ ᠢ᠋ᠶ᠋ᠡᠨ ᠨᠤᠭᠤᠷᠠᠨ ᠣᠢᠴᠢᠪᠠ᠃
《ᠡᠵᠢ ᠠ᠋!》 ᠭᠡᠵᠦ ᠡᠬᠡ ᠶ᠋ᠢᠨ ᠬᠣᠷᠮᠣᠢ ᠠ᠋ᠴᠠ ᠵᠡᠭᠦᠭᠳᠡᠭᠰᠡᠨ ᠥᠬᠢᠨ ᠤᠬᠢᠯᠠᠩᠨᠠᠬᠤ ᠳ᠋ᠤ᠌ ᠪᠦᠯᠲᠡᠭᠡᠷ ᠨᠢᠳᠦ ᠲᠡᠢ ᠡᠷᠡ ᠥᠬᠢᠨ ᠦ᠌ ᠡᠩᠭᠡᠯᠵᠡᠭᠦᠷ ᠡᠴᠡ ᠵᠤᠮᠠᠭᠠᠵᠤ ᠪᠤᠰᠬᠠᠨ᠄
— ᠡᠨᠡ ᠮᠠᠭᠤ ᠬᠥᠭᠰᠢᠨ ᠢ᠋ ᠨᠥᠭᠦᠭᠡ ᠭᠡᠷ ᠲᠦ᠍ ᠠᠪᠠᠴᠢᠵᠤ ᠬᠣᠷᠢ! ᠭᠡᠰᠡᠨ ᠳ᠋ᠦ᠍ ᠨᠥᠭᠥᠭᠡᠳᠡᠬᠢ ᠨᠢ ᠰᠡᠷᠵᠢᠮᠠ ᠬᠥᠭᠰᠢᠨ ᠢ᠋ ᠴᠢᠷᠴᠦ ᠭᠠᠷᠪᠠ᠃ ᠡᠬᠡ ᠶ᠋ᠢᠨ ᠢ᠋ᠶ᠋ᠡᠨ ᠠᠷᠤ ᠠ᠋ᠴᠠ ᠥᠬᠢᠨ ᠨᠢ ᠰᠠᠷᠪᠠᠭᠠᠨᠠᠨ ᠤᠬᠢᠯᠠᠭᠰᠠᠨ ᠳ᠋ᠤ᠌ ᠲᠡᠷᠡ ᠪᠦᠯᠲᠡᠭᠡᠷ ᠡᠷᠡ ᠲᠣᠭᠣᠨᠣ ᠤᠷᠤᠭᠤ《ᠫᠠᠩ᠂ ᠫᠠᠩ》 ᠬᠣᠶᠠᠷ ᠫᠤᠤᠳᠠᠵᠤ ᠰᠦᠷᠳᠡᠭᠦᠯᠦᠨᠡ᠃
ᠳᠡᠷᠭᠡᠳᠡ ᠨᠢ ᠪᠣᠯᠵᠤ ᠥᠩᠭᠡᠷᠡᠭᠰᠡᠨ ᠲᠡᠷᠡ ᠰᠦᠷᠳᠡᠭᠦᠯᠭᠡ ᠳ᠋ᠦ᠍ ᠨᠢᠭᠡᠮᠦᠰᠦᠨ ᠴᠣᠴᠢᠷᠳᠠᠭᠰᠠᠨ ᠥᠬᠢᠨ ᠠᠶᠤᠨ ᠪᠡᠮᠪᠡᠭᠡᠨᠡᠵᠦ ᠶᠠᠭᠠᠬᠢᠬᠤ ᠪᠠᠨ ᠣᠯᠬᠤ ᠦᠭᠡᠢ ᠳ᠋ᠡᠭᠡᠨ ᠪᠦᠯᠲᠡᠭᠡᠷ ᠡᠷᠡ ᠶ᠋ᠢᠨ ᠠᠶᠠ ᠪᠠᠷ ᠪᠣᠯᠪᠠ᠁
ᠪᠦᠯᠲᠡᠭᠡᠷ ᠨᠢᠳᠦ ᠲᠡᠢ ᠡᠷᠡ ᠥᠬᠢᠨ ᠢ᠋ ᠱᠠᠯᠳᠠᠩᠨᠠᠭᠤᠯᠵᠤ ᠲᠤᠭᠤᠯ ᠬᠠᠷᠠ ᠨᠢᠳᠦ ᠶ᠋ᠢ ᠨᠢ ᠥᠬᠥᠭᠡᠷᠳᠡᠨ ᠦᠨᠦᠰᠴᠦ ᠴᠣᠴᠢᠭᠠ ᠨᠢ ᠭᠠᠷᠤᠭᠠ ᠦᠭᠡᠢ ᠬᠡᠦᠬᠡᠨ ᠮᠠᠬᠠᠪᠣᠳ ᠤ᠋ᠨ ᠬᠢᠨᠢ ᠭᠡᠨᠡᠨ ᠲᠣᠷᠭᠠᠨ ᠭᠠᠵᠠᠷ ᠲᠤᠨᠢ ᠠᠨᠵᠢᠰᠤᠨ ᠬᠣᠰᠢᠭᠤ ᠪᠠᠨ ᠳᠤᠷᠠ ᠮᠡᠳᠡᠨ ᠰᠡᠨᠳᠡᠴᠢᠬᠦ ᠭᠡᠵᠦ ᠰᠢᠨᠤᠭ ᠲᠠᠴᠢᠶᠠᠩᠭᠤᠢ ᠶ᠋ᠢᠨ ᠭᠠᠯ ᠨᠢ ᠰᠢᠲᠠᠵᠤ ᠪᠠᠢᠪᠠ᠃ ᠭᠡᠨᠡᠳᠲᠡ ᠮᠣᠷᠢᠨ ᠤ᠋ ᠲᠦᠪᠡᠷᠭᠡᠨ ᠣᠢᠷᠠᠳᠴᠤ ᠢᠷᠡᠬᠦ ᠴᠢᠮᠡᠭᠡ ᠪᠡᠷ ᠨᠣᠬᠠᠳ ᠦᠢᠮᠡᠯᠳᠦᠪᠡ᠃ ᠡᠨᠡ ᠠᠢᠯ ᠤ᠋ᠨ ᠬᠠᠷᠠ ᠬᠥᠮᠦᠨ ᠨᠢ ᠢᠷᠡᠭᠡ ᠪᠢᠵᠡ? ᠭᠡᠵᠦ ᠲᠡᠷᠡ ᠡᠷᠡ ᠵᠣᠭ ᠬᠢᠵᠦ ᠠᠪᠬᠤ ᠳ᠋ᠤ᠌《ᠨᠣᠬᠠᠢ ᠪᠠᠨ!》 ᠭᠡᠰᠡᠨ ᠳ᠋ᠦ᠍ ᠰᠠᠨᠠᠭᠠ ᠨᠢ ᠪᠢᠴᠢᠬᠠᠨ ᠠᠭᠤᠵᠢᠷᠠᠪᠠ᠃
ᠨᠢᠭᠡ ᠬᠡᠰᠡᠭ ᠴᠢᠩᠨᠠᠭᠠᠳ ᠪᠠᠢᠬᠤ ᠳ᠋ᠤ᠌ ᠨᠣᠬᠠᠢ ᠠᠭᠰᠤᠷᠬᠤ ᠨᠢ ᠤᠯᠠᠮ ᠬᠡᠴᠡᠭᠦᠳᠴᠦ᠂ ᠮᠣᠷᠢ ᠣᠷᠣᠨ ᠳ᠋ᠠᠭᠠᠨ ᠳᠡᠪᠬᠡᠴᠡᠬᠦ ᠨᠢ ᠰᠣᠨᠣᠰᠳᠠᠵᠤ᠂ ᠶᠠᠮᠠᠷ ᠨᠢᠭᠡ ᠭᠠᠢ ᠪᠠᠷᠴᠢᠳ ᠪᠣᠯᠬᠤ ᠶ᠋ᠢᠨ ᠮᠠᠭᠤ ᠢᠷᠣᠠ ᠮᠡᠳᠡᠭᠳᠡᠬᠦ ᠰᠢᠭ ᠪᠣᠯᠪᠠ᠃
— ᠵᠣᠪᠠᠯᠭᠠ ᠠ᠋! ᠭᠠᠳᠠᠨᠠ ᠶᠠᠭᠤ ᠪᠣᠯᠤᠭᠠ ᠪᠣᠢ? ᠭᠡᠵᠦ ᠬᠡᠳᠦ ᠬᠠᠰᠬᠢᠷᠤᠭᠰᠠᠨ ᠴᠤ᠌ ᠴᠢᠮᠡᠭᠡ ᠠᠨᠢᠷ ᠦᠭᠡᠢ ᠳ᠋ᠦ᠍ ᠮᠥᠷᠥ ᠨᠢᠴᠦᠭᠦᠨ ᠢ᠋ᠶ᠋ᠡᠷ ᠰᠠᠨᠳᠤᠷᠤᠨ ᠭᠠᠷᠴᠤ ᠢᠷᠡᠭᠰᠡᠨ ᠳ᠋ᠦ᠍ ᠬᠡᠭᠡᠷ ᠮᠣᠷᠢ ᠶ᠋ᠢ ᠨᠢ ᠬᠤᠯᠠᠭᠠᠢ ᠬᠥᠲᠥᠯᠦᠭᠡᠳ ᠵᠡᠭᠦᠨᠰᠢ ᠳᠠᠪᠬᠢᠵᠤ ᠪᠠᠢᠪᠠ᠃ ᠠᠷᠤ ᠠ᠋ᠴᠠ ᠨᠢ ᠬᠡᠳᠦ ᠫᠤᠤᠳᠠᠭᠰᠠᠨ ᠪᠣᠯᠪᠠᠴᠤ ᠤᠨᠤᠭᠰᠠᠨ ᠦᠭᠡᠢ᠂ ᠬᠠᠷᠢᠨ ᠤᠯᠠᠮ ᠴᠠᠭᠠᠰᠢ ᠦᠷᠭᠦᠭᠡᠭᠰᠡᠨ ᠶᠠᠭᠤᠮᠠ ᠪᠣᠯᠪᠠ᠃
ᠡᠢᠮᠦ ᠬᠡᠷᠡᠭ ᠪᠣᠯᠬᠤ ᠳ᠋ᠤ᠌ ᠨᠥᠭᠦᠭᠡ ᠭᠡᠷ ᠡᠴᠡ ᠵᠣᠪᠠᠯᠭᠠ ᠨᠣᠢᠷᠮᠤᠭ ᠲᠣᠯᠣᠭᠠᠢᠯᠠᠨ ᠭᠠᠷᠴᠤ ᠢᠷᠡᠭᠡᠳ ᠶᠠᠭᠤ ᠪᠣᠯᠤᠭᠰᠠᠨ ᠤ᠋ ᠤᠬᠠᠭᠠᠨ ᠲᠥᠬᠥᠭᠡ ᠶ᠋ᠢ ᠨᠢ ᠣᠯᠤᠭᠠ ᠦᠭᠡᠢ ᠮᠠᠭᠠᠷᠠᠵᠤ ᠪᠠᠢᠲᠠᠯᠠ ᠬᠠᠷᠠ ᠨᠢᠳᠦᠨ᠄
— ᠪᠤᠰᠢᠭᠤ ᠬᠣᠢᠨᠠ ᠠ᠋ᠴᠠ ᠨᠢ ᠨᠡᠬᠡ! ᠬᠡᠭᠡᠷ ᠮᠣᠷᠢ ᠶ᠋ᠢ ᠬᠤᠯᠠᠭᠠᠢ ᠠᠪᠴᠢᠬᠠᠯᠠ! ᠭᠡᠵᠦ ᠵᠠᠩᠳᠤᠷᠤᠭᠰᠠᠨ ᠳ᠋ᠤ᠌ ᠨᠥᠭᠥᠭᠡᠳᠡᠬᠢ ᠨᠢ ᠨᠣᠢᠷ ᠠ᠋ᠴᠠ ᠪᠠᠨ ᠰᠡᠷᠭᠦᠬᠦ ᠰᠢᠭ ᠪᠣᠯᠵᠤ ᠰᠡᠩᠳᠡ ᠮᠡᠩᠳᠡ ᠴᠠᠪᠢᠳᠠᠷ ᠤ᠋ᠨ ᠨᠢᠷᠤᠭᠤᠨ ᠳᠡᠭᠡᠷᠡ ᠭᠠᠷᠴᠤ ᠬᠥᠯ ᠢ᠋ᠶ᠋ᠡᠨ ᠬᠦᠴᠦᠲᠡᠢ ᠳᠠᠪᠢᠷᠠᠪᠠᠯ ᠮᠣᠷᠢ ᠨᠢ《ᠶᠤᠭᠢᠷᠡᠩ᠂ ᠶᠣᠭᠢᠷᠠᠩ》 ᠭᠡᠳ ᠭᠠᠵᠠᠷ ᠬᠣᠷᠣᠭᠠᠬᠤ ᠦᠭᠡᠢ ᠪᠠᠢᠯᠠ᠃
① ᠮᠣᠷᠢᠨ ᠤ᠋ ᠣᠯᠣᠩ ᠢ᠋ ᠬᠡᠲᠦᠷᠬᠡᠢ ᠴᠢᠩᠭᠠ ᠲᠠᠲᠠᠵᠤ ᠠᠷᠠᠰᠤ ᠶ᠋ᠢ ᠨᠢ ᠭᠡᠮᠲᠦᠭᠡᠭᠰᠡᠨ ᠡᠴᠡ ᠲᠣᠭᠲᠠᠭᠰᠠᠨ ᠵᠤᠷᠪᠤᠰ ᠴᠠᠭᠠᠨ ᠦᠰᠦ᠃
ᠲᠡᠷᠡ ᠪᠡᠷ ᠴᠠᠭᠠᠨ ᠲᠣᠭᠣᠰᠣ ᠪᠤᠲᠠᠷᠠᠭᠤᠯᠤᠨ ᠠᠷᠢᠯᠤᠭᠰᠠᠨ ᠬᠥᠮᠦᠨ ᠦ᠌ ᠬᠣᠢᠨᠠ ᠠ᠋ᠴᠠ ᠫᠤᠤ ᠣᠨᠢᠯᠠᠨ ᠫᠤᠤᠳᠠᠬᠤ ᠶ᠋ᠢ ᠵᠠᠪᠳᠤᠲᠠᠯᠠ ᠭᠡᠨᠡᠳᠲᠡ ᠬᠠᠮᠢᠭᠠ ᠠ᠋ᠴᠠ ᠶᠤᠮ ᠪᠤᠤ ᠮᠡᠳᠡ᠂ ᠮᠣᠷᠢᠨ ᠤ᠋ ᠲᠦᠪᠡᠷᠭᠡᠨ ᠲᠠᠴᠢᠭᠢᠨᠠᠵᠤ᠂ ᠨᠢᠭᠡ ᠮᠡᠳᠡᠬᠦ ᠳ᠋ᠦ᠍ ᠠᠷᠤᠬᠠᠨ ᠲᠠᠯᠠ ᠳ᠋ᠤᠨᠢ ᠰᠠᠯᠬᠢ ᠱᠤᠤᠭᠢᠪᠠ᠃ ᠶᠠᠭᠤ ᠪᠣᠯᠪᠠ? ᠭᠡᠵᠦ ᠬᠠᠵᠠᠭᠤ ᠲᠠᠢᠰᠢ ᠳᠠᠯᠵᠢᠢᠬᠤ ᠬᠣᠷᠣᠮ ᠳ᠋ᠤ᠌ ᠫᠤᠤ ᠣᠨᠢᠯᠠᠭᠰᠠᠨ ᠬᠣᠶᠠᠷ ᠭᠠᠷ ᠨᠢ ᠬᠠᠯᠠᠭᠤ ᠣᠷᠬᠢᠨ ᠵᠢᠮᠵᠢᠭᠢᠨᠡᠭᠡᠳ ᠶᠠᠪᠤᠴᠢᠬᠠᠪᠠ᠃ ᠵᠣᠪᠠᠯᠭᠠ ᠶ᠋ᠢᠨ ᠭᠠᠷ ᠨᠢ ᠮᠡᠳᠡᠭᠡ ᠠᠯᠲᠠᠨ ᠫᠤᠤ ᠪᠠᠨ ᠭᠠᠵᠠᠷ ᠤᠨᠠᠭᠠᠪᠠ᠃ ᠠᠩᠴᠢᠨᠵᠠᠪ ᠤ᠋ᠨ ᠳᠠᠩᠰᠠᠨ ᠲᠠᠰᠢᠭᠤᠷ ᠳᠠᠬᠢᠭᠠᠳ ᠨᠢᠭᠡ ᠪᠠᠭᠤᠭᠰᠠᠨ ᠳ᠋ᠤ᠌ ᠲᠡᠷᠡ ᠭᠠᠢᠬᠠᠯ ᠮᠣᠷᠢᠨ ᠠ᠋ᠴᠠ ᠪᠠᠨ ᠲᠠᠪᠠᠷᠴᠠᠭᠯᠠᠨ ᠰᠢᠷᠣᠢ ᠡᠮᠬᠦᠵᠦ ᠣᠢᠴᠢᠪᠠ᠃
ᠠᠩᠴᠢᠨᠵᠠᠪ ᠪᠤᠴᠠᠭᠠᠳ ᠭᠡᠷ ᠦ᠋ᠨ ᠠᠷᠤ ᠪᠠᠷ ᠭᠠᠷᠴᠤ ᠰᠢᠪᠡᠭᠡ ᠬᠣᠷᠢᠶᠠᠨ ᠤ᠋ ᠪᠠᠷᠠᠭᠤᠨ ᠲᠠᠯᠠ ᠪᠠᠷ ᠳᠤᠭᠤᠢᠯᠠᠬᠤ ᠳ᠋ᠤ᠌ ᠬᠡᠳᠦᠨ ᠨᠣᠬᠠᠢ ᠲᠡᠭᠦᠨ ᠢ᠋ ᠲᠣᠰᠣᠨ ᠦᠢᠮᠡᠯᠳᠦᠪᠡ᠃ ᠲᠡᠷᠡ ᠴᠦ᠍ ᠠᠭᠰᠤᠷᠤᠭᠰᠠᠨ ᠨᠣᠬᠠᠳ ᠢ᠋ ᠲᠣᠭᠣᠵᠤ ᠦᠵᠡᠭᠰᠡᠨ ᠦᠭᠡᠢ ᠭᠡᠷ ᠦ᠋ᠨ ᠬᠠᠶᠠᠭᠠ ᠤᠷᠤᠭᠤ ᠨᠢᠳᠦ ᠬᠠᠶᠠᠭᠰᠠᠨ ᠳ᠋ᠤ᠌ ᠬᠠᠷᠠ ᠨᠢᠳᠦᠲᠦ ᠭᠠᠷ ᠲᠠᠭᠠᠨ ᠫᠤᠤ ᠪᠠᠷᠢᠵᠤ ᠡᠭᠦᠳᠡᠨ ᠳᠡᠭᠡᠷᠡ ᠪᠠᠨᠲᠠᠯᠵᠠᠵᠤ ᠠᠯᠬᠤᠬᠤ ᠨᠢ ᠬᠠᠷᠠᠭᠳᠠᠬᠤᠯᠠᠷ ᠶᠠᠭᠤ ᠬᠠᠢ ᠦᠭᠡᠢ ᠳᠣᠪᠲᠣᠯᠭᠠᠨ ᠬᠦᠷᠪᠡ᠃ ᠭᠡᠨᠡᠳᠲᠡ ᠬᠠᠵᠠᠭᠤ ᠳ᠋ᠤᠨᠢ ᠮᠣᠷᠢᠲᠠᠢ ᠬᠥᠮᠦᠨ ᠳᠣᠪᠲᠣᠯᠤᠨ ᠢᠷᠡᠭᠰᠡᠨ ᠳ᠋ᠦ᠍ ᠬᠠᠷᠠ ᠨᠢᠳᠦᠲᠦ ᠰᠣᠴᠢᠵᠤ ᠬᠡᠰᠡᠭ ᠮᠡᠯᠡᠷᠡᠵᠦ ᠵᠣᠭᠰᠣᠭᠠᠳ ᠠᠩᠴᠢᠨᠵᠠᠪ ᠢ᠋ ᠲᠠᠨᠢᠵᠤ ᠰᠠᠨᠳᠤᠷᠤᠨ ᠫᠤᠤᠳᠠᠪᠠ᠃ ᠠᠩᠴᠢᠨᠵᠠᠪ ᠮᠣᠷᠢᠨ ᠤ᠋ ᠪᠠᠨ ᠪᠦᠭᠦᠷᠭᠡ ᠶ᠋ᠢ ᠲᠡᠪᠡᠷᠢᠵᠦ ᠪᠥᠬᠥᠰᠬᠢᠭᠰᠡᠨ ᠳ᠋ᠦ᠍᠂ ᠰᠤᠮᠤ ᠴᠢᠬᠢᠨ ᠦ᠌ ᠬᠢᠨᠢ ᠬᠠᠵᠠᠭᠤ ᠪᠠᠷ ᠱᠤᠤᠭᠢᠨ ᠥᠩᠭᠡᠷᠡᠪᠡ᠃ ᠡᠨᠡ ᠵᠠᠪ ᠲᠤ ᠠᠩᠴᠢᠨᠵᠠᠪ ᠥᠨᠳᠡᠰᠬᠢᠭᠡᠳ ᠬᠢᠯᠭᠠᠰᠤᠨ ᠴᠠᠯᠮᠠ ᠪᠠᠨ ᠬᠠᠷᠠ ᠨᠢᠳᠦᠨ ᠦ᠌ ᠬᠦᠵᠦᠭᠦᠨ ᠳ᠋ᠦ᠍ ᠤᠭᠯᠠᠵᠤ ᠵᠠᠪᠳᠤᠭᠠᠳ《ᠴᠥᠬᠥ》 ᠬᠢᠨ ᠤᠨᠤᠭᠰᠠᠨ ᠮᠣᠷᠢ ᠪᠠᠨ ᠳᠠᠪᠢᠷᠠᠪᠠᠯ ᠬᠤᠸᠠ ᠮᠣᠷᠢ ᠨᠢ ᠣᠭᠯᠣ ᠦᠰᠦᠷᠦᠨ ᠳᠠᠪᠬᠢᠪᠠ᠃
ᠬᠠᠷᠠ ᠨᠢᠳᠦᠲᠦ ᠫᠤᠤ ᠪᠠᠨ ᠣᠷᠬᠢᠵᠤ᠂ ᠴᠠᠯᠮᠠ ᠠ᠋ᠴᠠ ᠦᠬᠦᠨ ᠠᠳᠬᠤᠨ᠄
— ᠪᠠᠢᠵᠠ᠂ ᠪᠠᠢᠵᠠ! ᠠᠩᠴᠢᠨ ᠠᠬᠠ ᠠ᠋! ᠭᠡᠵᠦ ᠡᠯᠢᠭᠡᠳᠡᠨ ᠴᠢᠷᠦᠭᠳᠡᠭᠡᠳ ᠬᠠᠰᠬᠢᠷᠴᠤ ᠪᠠᠢᠪᠠ᠃
ᠬᠤᠸᠠ ᠮᠣᠷᠢ ᠲᠦᠷᠦᠭᠦᠰᠢ ᠪᠡᠨ ᠣᠭᠵᠣᠮ ᠳᠠᠪᠬᠢᠬᠤ ᠳ᠋ᠤ᠌ ᠠᠷᠤ ᠳ᠋ᠤᠨᠢ ᠨᠢᠭᠡ ᠶᠠᠭᠤᠮᠠ ᠴᠢᠷᠦᠭᠳᠡᠨ ᠳᠤᠤᠭᠠᠷᠤᠭᠰᠠᠨ ᠳ᠋ᠤ᠌ ᠪᠥᠭᠰᠡᠨ ᠡᠴᠡ ᠪᠡᠨ ᠨᠠᠳᠬᠤᠵᠤ ᠤᠯᠠᠮ ᠰᠢᠷᠦᠭᠦᠨ ᠳᠠᠪᠬᠢᠪᠠ᠃ ᠮᠣᠷᠢᠨ ᠤ᠋ ᠲᠤᠭᠤᠷᠠᠢ ᠳ᠋ᠤ᠌ ᠬᠠᠮᠤᠭᠳᠠᠭᠰᠠᠨ ᠬᠠᠢᠷ ᠴᠢᠯᠠᠭᠤ ᠬᠠᠷᠠ ᠨᠢᠳᠦᠲᠦ ᠶ᠋ᠢᠨ ᠳᠡᠭᠡᠷᠡ ᠨᠢᠭᠤᠷ ᠨᠢᠳᠦ ᠦᠭᠡᠢ ᠴᠠᠴᠤᠵᠤ ᠪᠠᠢᠯᠠ᠃
— ᠠᠶᠠ᠂ ᠠᠬᠠ ᠠ᠋᠂ ᠠᠮᠢ ᠶ᠋ᠢ ᠮᠢᠨᠢ ᠥᠷᠥᠰᠢᠶᠡ! ᠭᠡᠵᠦ ᠬᠠᠰᠬᠢᠷᠴᠤ ᠳᠠᠭᠤᠨ ᠳᠤᠭᠤᠯᠳᠠᠵᠤ ᠪᠠᠢᠭᠰᠠᠨ ᠢ᠋ᠶ᠋ᠠᠨ ᠰᠡᠭᠦᠯ ᠳ᠋ᠡᠭᠡᠨ ᠪᠦᠷ ᠪᠦᠲᠦᠨ ᠦᠭᠡ ᠰᠣᠨᠣᠰᠳᠠᠬᠤ ᠦᠭᠡᠢ ᠮᠣᠷᠢᠨ ᠤ᠋ ᠲᠦᠪᠡᠷᠭᠡᠨ ᠳ᠋ᠦ᠍ ᠳᠠᠷᠤᠭᠳᠠᠪᠠ᠃
ᠬᠠᠢᠯᠠᠰᠤᠲᠠᠢ ᠶ᠋ᠢᠨ ᠵᠡᠭᠦᠨ ᠬᠠᠮᠠᠷ ᠢ᠋ ᠳᠠᠪᠠᠵᠤ ᠭᠠᠷᠬᠤ ᠳ᠋ᠤ᠌ ᠠᠷᠤ ᠳ᠋ᠤ᠌ ᠴᠢᠷᠦᠭᠳᠡᠭᠰᠡᠨ ᠬᠠᠷᠠ ᠨᠢᠳᠦᠲᠦ ᠱᠦᠷ— ᠱᠦᠷ ᠬᠢᠨ ᠭᠠᠵᠠᠷ ᠱᠦᠷᠭᠦᠭᠡᠬᠦ ᠴᠢᠮᠡᠭᠡ ᠡᠴᠡ ᠥᠭᠡᠷᠡ ᠶᠠᠮᠠᠷ ᠴᠦ᠍ ᠳᠠᠭᠤ ᠴᠢᠮᠡᠭᠡ ᠦᠭᠡᠢ ᠪᠣᠯᠪᠠ᠃ ᠠᠩᠴᠢᠨᠵᠠᠪ ᠭᠡᠳᠡᠷᠭᠦ ᠪᠡᠨ ᠬᠠᠷᠠᠪᠠᠯ ᠬᠢᠯᠭᠠᠰᠤᠨ ᠴᠠᠯᠮᠠ ᠠ᠋ᠴᠠ ᠦᠬᠦᠨ ᠵᠠᠭᠤᠷᠠᠭᠰᠠᠨ ᠬᠣᠶᠠᠷ ᠭᠠᠷ ᠨᠢ ᠲᠠᠯᠪᠢᠭᠳᠠᠨ ᠰᠤᠯᠳᠠᠢᠵᠤ ᠵᠠᠮ ᠤ᠋ᠨ ᠬᠣᠲᠣᠭᠣᠷ ᠭᠦᠳᠦᠭᠦᠷ ᠲᠦ᠍ ᠳᠤᠷᠠ ᠮᠡᠳᠡᠨ ᠰᠠᠪᠠᠭᠳᠠᠵᠤ ᠪᠠᠢᠪᠠ᠃ ᠠᠮᠢ ᠲᠠᠯᠪᠢᠴᠢᠬᠠᠯᠠ ᠪᠣᠯᠤᠯᠲᠠᠢ᠃ ᠬᠤᠪᠴᠠᠰᠤ ᠬᠤᠨᠠᠷ ᠨᠢ ᠵᠠᠮ ᠤ᠋ᠨ ᠮᠣᠳᠣ ᠴᠢᠯᠠᠭᠤᠨ ᠳ᠋ᠤ᠌ ᠤᠷᠠᠭᠳᠠᠵᠤ ᠬᠠᠶᠠᠭᠳᠠᠨ᠂ ᠭᠠᠭᠴᠠ ᠥᠮᠦᠳᠦᠨ ᠦ᠌ ᠬᠢᠨᠢ ᠥᠷᠥᠭᠡᠰᠦᠨ ᠰᠢᠷᠬᠤᠨᠠᠭ ᠦᠯᠡᠳᠡᠵᠡᠢ᠃
ᠠᠩᠴᠢᠨᠵᠠᠪ ᠬᠠᠢᠯᠠᠰᠥᠲᠠᠢ ᠶ᠋ᠢᠨ ᠵᠡᠭᠦᠨ ᠬᠠᠮᠠᠷ ᠳᠡᠭᠡᠷᠡ ᠭᠠᠷᠤᠭᠠᠳ ᠳᠠᠬᠢᠨ ᠰᠢᠷᠦᠭᠦᠨ ᠳᠣᠪᠲᠣᠯᠭᠠᠬᠤ ᠪᠠᠷ ᠬᠤᠸᠠ ᠮᠣᠷᠢᠨ ᠤ᠋ ᠲᠠᠰᠢᠶᠠ ᠤᠷᠤᠭᠤ ᠲᠠᠰᠢᠭᠤᠷ ᠥᠭᠬᠦ ᠲᠡᠢ ᠵᠡᠷᠭᠡ ᠳᠠᠩ! ᠬᠢᠬᠦ ᠫᠤᠤ ᠶ᠋ᠢᠨ ᠳᠠᠭᠤᠨ ᠴᠢᠬᠢ ᠬᠠᠩᠭᠢᠨᠠᠭᠤᠯᠤᠨ ᠳᠤᠤᠭᠠᠷᠴᠤ ᠬᠢᠯᠭᠠᠰᠤᠨ ᠴᠠᠯᠮᠠ ᠲᠠᠰᠤ ᠦᠰᠦᠷᠪᠡ᠃ ᠣᠷᠣᠭᠰᠢ ᠵᠢᠳᠬᠦᠯᠡᠭᠰᠡᠨ ᠮᠣᠷᠢ ᠱᠤᠩᠭᠤᠴᠢᠵᠤ ᠤᠨᠠᠬᠤ ᠰᠢᠬᠠᠭᠰᠠᠨ ᠳ᠋ᠤ᠌ ᠠᠩᠴᠢᠨᠵᠠᠪ ᠵᠢᠯᠣᠭᠣ ᠪᠠᠨ ᠶᠠᠭᠠᠷᠠᠨ ᠲᠠᠲᠠᠪᠠ᠃
《ᠵᠠ᠂ ᠶᠠᠭᠤ ᠪᠣᠯᠪᠠ?》 ᠭᠡᠵᠦ ᠭᠠᠢᠬᠠᠰᠢ ᠲᠥᠷᠥᠨ ᠮᠣᠷᠢᠨ ᠠ᠋ᠴᠠ ᠪᠠᠨ ᠪᠠᠭᠤᠵᠤ ᠵᠢᠯᠣᠭᠣ ᠶ᠋ᠢ ᠨᠢ ᠡᠪᠬᠡᠨ ᠡᠮᠡᠭᠡᠯ ᠦ᠋ᠨ ᠢ᠋ᠶ᠋ᠡᠨ ᠪᠥᠭᠦᠷᠭᠡᠨ ᠳ᠋ᠦ᠍ ᠡᠯᠭᠦᠵᠦ ᠭᠠᠨᠵᠤᠭᠠ ᠪᠠᠷ ᠤᠶᠠᠭᠰᠠᠨ ᠳ᠋ᠤ᠌᠂ ᠬᠤᠸᠠ ᠮᠣᠷᠢᠨ ᠤ᠋ ᠠᠮᠠᠭᠠᠢ ᠬᠠᠯᠠᠵᠤ ᠴᠠᠭᠠᠨ ᠬᠥᠭᠡᠰᠦ ᠪᠠᠭᠤᠨᠠ᠃ ᠠᠩᠴᠢᠨᠵᠠᠪ ᠬᠢᠯᠭᠠᠰᠤᠨ ᠴᠠᠯᠮᠠ ᠪᠠᠨ ᠡᠪᠬᠡᠵᠦ ᠲᠠᠰᠤᠷᠠᠭᠰᠠᠨ ᠦᠵᠦᠭᠦᠷ ᠢ᠋ ᠢᠮᠡᠷᠦᠨ《ᠡᠨᠡ ᠶᠠᠮᠠᠷ ᠬᠥᠮᠦᠨ ᠫᠤᠤᠳᠠᠪᠠ? ᠥᠨᠥᠬᠢ ᠠᠷᠤ ᠳ᠋ᠤ᠌ ᠭᠠᠷ ᠢ᠋ᠶ᠋ᠠᠨ ᠰᠢᠪᠬᠠᠷᠠᠭᠤᠯᠵᠤ ᠬᠣᠴᠣᠷᠤᠭᠰᠠᠨ ᠵᠣᠯᠢᠭ ᠨᠢ ᠫᠤᠤᠳᠠᠴᠢᠬᠠᠪᠠ ᠤᠤ? ᠠᠷᠠᠢ ᠪᠢᠰᠢ ᠪᠠᠢᠬᠠ!》 ᠭᠡᠵᠦ ᠳᠣᠪᠲᠣᠯᠵᠤ ᠢᠷᠡᠭᠰᠡᠨ ᠵᠠᠮ ᠢ᠋ᠶ᠋ᠠᠨ ᠡᠷᠭᠢᠵᠦ ᠬᠠᠷᠠᠪᠠᠯ ᠦᠬᠦᠭᠡᠷ ᠴᠢᠷᠦᠭᠰᠡᠨ ᠥᠯᠥᠨ ᠲᠣᠭᠣᠰᠣ ᠣᠯᠣᠭᠠᠢᠳᠤᠨ ᠰᠤᠨᠵᠢᠷᠠᠵᠤ ᠬᠠᠷᠠᠭᠳᠠᠬᠤ ᠠ᠋ᠴᠠ ᠥᠭᠡᠷᠡ ᠶᠠᠭᠤ ᠴᠦ᠍ ᠦᠭᠡᠢ ᠪᠠᠢᠯᠠ᠃《ᠵᠠ᠂ ᠲᠡᠭᠡᠭᠡᠳ ᠶᠠᠭᠤ ᠪᠣᠯᠴᠢᠬᠠᠪᠠ ᠡᠨᠡ ᠴᠢᠨᠢ? ᠳᠠᠯᠳᠠ ᠠ᠋ᠴᠠ ᠣᠨᠢᠯᠠᠭᠰᠠᠨ ᠬᠤᠯᠠᠭᠠᠢ ᠰᠤᠮᠤ ᠪᠣᠯ ᠮᠢᠨᠦ ᠲᠠᠷᠢᠬᠢ ᠦᠰᠦᠷᠬᠦ ᠯᠡ ᠪᠠᠢᠭᠰᠠᠨ᠁ ᠲᠡᠭᠡᠬᠦ ᠳ᠋ᠡᠭᠡᠨ ᠶᠠᠮᠠᠷ ᠰᠦᠷᠡᠬᠡᠢ ᠬᠠᠷᠠᠭᠠ ᠲᠠᠢ ᠬᠥᠮᠦᠨ ᠶᠦᠮ ᠪᠣᠢ! ᠡᠨᠡ ᠬᠢᠯᠭᠠᠰᠤᠨ ᠴᠠᠯᠮᠠ ᠶ᠋ᠢ ᠲᠠᠰᠤ ᠫᠤᠤᠳᠠᠴᠢᠬᠠᠳᠠᠭ?》 ᠭᠡᠵᠦ ᠲᠣᠯᠣᠭᠠᠢ ᠪᠠᠨ ᠰᠡᠵᠢᠨᠡ᠃ ᠲᠡᠭᠡᠭᠡᠳ ᠥᠨᠥᠬᠢ ᠴᠢᠷᠦᠭᠳᠡᠭᠰᠡᠨ ᠬᠠᠷᠠ ᠨᠢᠳᠦᠲᠦ ᠶ᠋ᠢ ᠯᠠᠪᠳᠠᠭᠤᠯᠠᠨ ᠬᠠᠷᠠᠪᠠᠯ ᠭᠠᠵᠠᠷ ᠤ᠋ᠨ ᠤᠷᠤᠭᠤ ᠬᠡᠳᠦᠨᠲᠡ ᠪᠥᠮᠪᠥᠷᠢᠵᠦ ᠪᠤᠲᠠᠨ ᠤ᠋ ᠤᠭ ᠲᠤ ᠲᠡᠭᠡᠭᠯᠡᠭᠳᠡᠭᠰᠡᠨ ᠪᠠᠢᠪᠠ᠃
ᠠᠩᠴᠢᠨᠵᠠᠪ ᠴᠢᠰᠤ ᠨᠦᠵᠢᠨ ᠳ᠋ᠦ᠍ ᠪᠢᠯᠳᠠᠭᠰᠠᠨ ᠬᠠᠷᠠ ᠨᠢᠳᠦᠲᠦ ᠶ᠋ᠢᠨ ᠦᠬᠦᠭᠡᠷ ᠦ᠋ᠨ ᠳᠡᠷᠭᠡᠳᠡ ᠬᠦᠷᠴᠦ᠄
— ᠴᠢᠭᠢᠶᠡᠲᠦᠷᠦᠦ! ᠴᠠᠭᠠᠳᠤᠬᠢ ᠴᠢᠨᠢ ᠴᠠᠯᠮᠠ ᠶ᠋ᠢ ᠲᠠᠰᠤ ᠫᠤᠤᠳᠠᠭᠰᠠᠨ ᠦᠭᠡᠢ ᠰᠠᠨ ᠪᠣᠯ ᠴᠢᠮᠠ ᠮᠠᠭᠤ ᠶ᠋ᠢᠨ ᠳᠥᠷᠪᠡᠨ ᠮᠥᠴᠢ ᠶ᠋ᠢ ᠴᠢᠨᠢ ᠰᠠᠯᠭᠠᠬᠤ ᠪᠠᠢᠭᠰᠠᠨ ᠶᠤᠮ᠃ ᠦᠬᠦᠭᠡᠷ ᠶᠠᠰᠤ ᠴᠢᠨᠢ ᠪᠥᠨᠲᠥᠭᠡᠷ ᠲᠡᠢ ᠪᠡᠨ ᠪᠦᠲᠦᠨ ᠦᠯᠡᠳᠡᠭᠰᠡᠨ ᠳ᠋ᠡᠭᠡᠨ ᠪᠠᠶᠠᠷᠯᠠᠵᠤ ᠲᠣᠨᠢᠯ! ᠭᠡᠳ ᠲᠣᠯᠣᠭᠠᠢ ᠶ᠋ᠢ ᠨᠢ ᠨᠢᠭᠡ ᠢᠰᠬᠦᠯᠬᠦ ᠳ᠋ᠦ᠍ ᠥᠷᠪᠥᠢᠭᠰᠡᠨ ᠦᠰᠦ ᠨᠢ ᠰᠡᠷᠪᠡᠰ ᠬᠢᠪᠡ᠃ ᠡᠭᠦᠨ ᠳ᠋ᠦ᠍ ᠬᠤᠸᠠ ᠮᠣᠷᠢ ᠦᠷᠭᠦᠵᠦ ᠬᠠᠮᠠᠷ ᠢ᠋ᠶ᠋ᠠᠷ ᠢ᠋ᠶ᠋ᠠᠨ ᠬᠤᠤᠬᠢᠨᠠᠨᠠ᠃
ᠠᠩᠴᠢᠨᠵᠠᠪ ᠬᠤᠸᠠ ᠮᠣᠷᠢ ᠪᠠᠨ ᠬᠥᠲᠥᠯᠵᠦ ᠡᠷᠭᠢᠬᠦ ᠳ᠋ᠦ᠍ ᠴᠠᠭᠠᠨᠠ ᠨᠢᠭᠡ ᠡᠷᠡ᠄
— ᠴᠢ ᠶᠠᠭᠤᠨ ᠤ᠋ ᠬᠥᠮᠦᠨ ᠪᠣᠢ? ᠬᠥᠮᠦᠨ ᠠᠮᠢᠲᠠᠨ ᠢ᠋ ᠢᠩᠭᠢᠵᠦ ᠮᠣᠷᠢᠨ ᠠ᠋ᠴᠠ ᠴᠢᠷᠴᠦ ᠠᠯᠠᠳᠠᠭ ᠨᠢ? ᠭᠡᠬᠦ ᠰᠢᠷᠦᠭᠦᠨ ᠳᠠᠭᠤ ᠳᠤᠭᠤᠯᠳᠠᠪᠠ᠃ ᠠᠩᠴᠢᠨᠵᠠᠪ ᠲᠡᠷᠡ ᠵᠦᠭ ᠲᠦ᠍ ᠬᠠᠷᠠᠪᠠᠯ᠂ ᠪᠡᠶᠡ ᠡᠴᠡ ᠨᠢ ᠭᠤᠴᠢᠭᠠᠳ ᠠᠯᠬᠤᠮ ᠵᠠᠢᠲᠠᠢ ᠠᠷᠭᠢᠶᠠ ᠮᠣᠷᠢ ᠲᠠᠢ ᠡᠮᠦᠨᠡ ᠪᠡᠨ ᠫᠤᠤ ᠬᠥᠨᠳᠡᠯᠡᠨ ᠪᠠᠷᠢᠭᠰᠠᠨ ᠨᠢᠭᠡ ᠡᠷᠡ ᠰᠢᠷᠦᠭᠦᠨ ᠬᠠᠷᠠᠴᠠ ᠲᠠᠢ ᠵᠣᠭᠰᠣᠵᠤ ᠪᠠᠢᠨᠠ᠃
ᠡᠨᠡ ᠬᠥᠮᠦᠨ ᠵᠠᠩᠴᠤᠪ ᠪᠠᠢᠪᠠ᠃ ᠲᠡᠷᠡ ᠥᠨᠥᠳᠥᠷ ᠠᠷᠤ ᠡᠩᠭᠡᠷ ᠦ᠋ᠨ ᠭᠤᠷᠠ ᠵᠦᠷ ᠡᠴᠡ ᠤᠨᠠᠭᠠᠬᠤ ᠶᠤᠮᠰᠠᠨ ᠭᠡᠵᠦ ᠦᠦᠷ ᠬᠠᠷᠠᠩᠭᠤᠢ ᠪᠠᠷ ᠬᠥᠳᠡᠯᠵᠡᠢ᠃ ᠦᠨᠡᠬᠡᠷ ᠰᠠᠨᠠᠭᠰᠠᠨ ᠢ᠋ᠶ᠋ᠠᠷ ᠨᠡᠷᠡᠲᠦ ᠶ᠋ᠢᠨ ᠡᠬᠢ ᠶ᠋ᠢᠨ ᠬᠢᠷᠠ ᠳᠡᠭᠡᠷᠡ ᠡᠴᠡ ᠨᠢᠭᠡ ᠬᠢᠵᠠᠭᠠᠯᠠᠩ ᠭᠤᠷᠠ ᠤᠨᠠᠭᠠᠵᠤ ᠭᠡᠳᠡᠰᠦ ᠳᠣᠲᠣᠷ ᠢ᠋ ᠨᠢ ᠠᠭᠤᠳᠠᠯᠵᠤ ᠬᠠᠶᠠᠭᠠᠳ ᠭᠠᠨᠵᠤᠭᠠᠯᠠᠬᠤ ᠳ᠋ᠤ᠌ ᠰᠠᠶᠢ ᠠᠭᠤᠯᠠ ᠶ᠋ᠢᠨ ᠲᠣᠯᠣᠭᠠᠢ ᠳᠡᠭᠡᠷᠡ ᠨᠠᠷᠠ ᠪᠤᠯᠲᠠᠢᠵᠤ ᠪᠠᠢᠯᠠ᠃
《ᠵᠠ᠂ ᠪᠠᠢᠵᠠ! ᠡᠨᠡ ᠳᠣᠣᠷᠠᠲᠤ ᠠᠮᠠᠨ ᠳ᠋ᠤ᠌ ᠪᠠᠯᠵᠤᠤᠷ ᠤ᠋ᠨ ᠬᠢ ᠭᠡᠳᠡᠭ ᠬᠠᠩᠭᠢ ᠠᠢᠯ ᠪᠠᠢᠳᠠᠭ ᠶᠤᠮ᠃ ᠲᠡᠷᠡ ᠠᠢᠯ ᠳ᠋ᠤ᠌ ᠪᠠᠭᠤᠵᠤ ᠴᠠᠢ ᠤᠤᠭᠤᠶᠠ!》 ᠭᠡᠳ ᠨᠡᠷᠡᠲᠦ ᠶ᠋ᠢᠨ ᠭᠣᠣᠯ ᠤ᠋ᠨ ᠵᠡᠭᠦᠨ ᠬᠢᠷᠠ ᠪᠠᠷ ᠬᠠᠮᠠᠷᠯᠠᠨ ᠪᠠᠭᠤᠵᠤ ᠣᠴᠢᠬᠤ ᠳ᠋ᠠᠭᠠᠨ ᠳᠤᠷᠠᠨᠳᠠᠵᠤ ᠦᠵᠡᠪᠡᠯ ᠪᠠᠯᠵᠤᠤᠷ ᠤ᠋ᠨ ᠭᠠᠳᠠᠭᠠ ᠬᠣᠶᠠᠷ ᠮᠣᠷᠢ ᠤᠶᠠᠭᠠᠲᠠᠢ ᠬᠠᠷᠠᠭᠳᠠᠨᠠ᠃ ᠡᠳᠡᠨ ᠦ᠌ ᠳ᠋ᠦ᠍ ᠭᠡᠢᠴᠢᠨ ᠲᠡᠢ᠃ ᠰᠣᠨᠢᠨ ᠶᠤᠮ ᠠ᠋! ᠬᠣᠨᠣᠭ ᠤ᠋ᠨ ᠭᠡᠢᠴᠢᠨ ᠭᠡᠬᠦ ᠳ᠋ᠦ᠍ ᠮᠣᠷᠢᠨ ᠤ᠋ ᠪᠠᠨ ᠡᠮᠡᠭᠡᠯ ᠲᠣᠬᠣᠮ ᠢ᠋ ᠴᠦ᠍ ᠠᠪᠳᠠᠭ ᠦᠭᠡᠢ᠂ ᠡᠪᠡᠰᠦᠯᠡᠵᠦ ᠴᠢᠳᠥᠷᠯᠡᠳᠡᠭ ᠴᠦ᠍ ᠦᠭᠡᠢ ᠡᠯᠭᠦᠵᠦ ᠬᠣᠨᠣᠳᠠᠭ ᠪᠠᠢᠵᠢ ᠳᠠ! ᠬᠠᠷᠠ ᠥᠷᠯᠥᠭᠡᠭᠦᠷ ᠢᠷᠡᠭᠰᠡᠨ ᠭᠡᠢᠴᠢᠨ ᠭᠡᠵᠢ ᠤᠤ? ᠪᠢᠰᠢ ᠪᠠᠢᠬᠠ᠃ ᠲᠡᠭᠡᠭᠡᠳ ᠪᠠᠰᠠ ᠮᠣᠷᠢᠳ ᠢ᠋ᠶ᠋ᠠᠨ ᠱᠣᠩ ᠳᠡᠭᠡᠷᠡ ᠤᠶᠠᠳᠠᠭ ᠦᠭᠡᠢ ᠰᠢᠪᠡᠭᠡ ᠬᠣᠷᠢᠶᠠᠨ ᠤ᠋ ᠬᠥᠰᠢᠶᠡᠰᠦ ᠡᠴᠡ ᠤᠶᠠᠴᠢᠬᠠᠳᠠᠭ ᠨᠢ᠁ ᠭᠡᠵᠦ ᠵᠠᠩᠴᠤᠪ ᠡᠯᠳᠡᠪ ᠢ᠋ ᠪᠣᠳᠣᠪᠠ᠃ ᠲᠡᠭᠡᠵᠦ ᠪᠠᠢᠲᠠᠯᠠ ᠨᠣᠬᠠᠢ ᠤᠢᠮᠯᠳᠤᠵᠤ ᠨᠢᠭᠡ ᠮᠣᠷᠢᠲᠠᠢ ᠬᠥᠮᠦᠨ ᠳᠣᠪᠲᠣᠯᠭᠠᠵᠤ ᠢᠷᠡᠭᠡᠳ ᠤᠶᠠᠭᠠᠲᠠᠢ ᠮᠣᠷᠢ ᠠ᠋ᠴᠠ ᠨᠢᠭᠡ ᠶ᠋ᠢ ᠨᠢ ᠬᠥᠲᠥᠯᠦᠭᠡᠳ ᠵᠡᠭᠦᠨᠰᠢ ᠳᠠᠪᠬᠢᠬᠤ ᠬᠠᠷᠠᠭᠳᠠᠪᠠ᠃ ᠳᠡᠮᠡᠢ ᠤᠳᠠᠭᠰᠠᠨ ᠦᠭᠡᠢ ᠫᠤᠤ ᠳᠤᠤᠭᠠᠷᠴᠤ᠂ ᠨᠣᠬᠠᠳ ᠠᠭᠰᠤᠷᠤᠨᠠ᠃ ᠪᠠᠰᠠ ᠨᠢᠭᠡ ᠮᠣᠷᠢᠲᠠᠢ ᠬᠥᠮᠦᠨ ᠳᠠᠪᠬᠢᠵᠤ ᠣᠴᠢᠨ ᠪᠠᠯᠵᠤᠤᠷ ᠤ᠋ᠨ ᠬᠠᠶᠠᠭᠠᠨ ᠳ᠋ᠤ᠌ ᠬᠡᠰᠡᠭ ᠡᠷᠭᠢᠴᠡᠵᠦ ᠠᠪᠤᠭᠠᠳ ᠨᠢᠭᠡ ᠬᠥᠮᠦᠨ ᠢ᠋ ᠮᠣᠷᠢᠨ ᠠ᠋ᠴᠠ ᠪᠠᠨ ᠴᠢᠷᠴᠦ ᠵᠡᠭᠦᠨᠰᠢ ᠨᠥᠭᠦᠭᠡ ᠬᠥᠮᠦᠨ ᠦ᠌ ᠪᠡᠨ ᠬᠣᠢᠨᠠ ᠠ᠋ᠴᠠ ᠳᠠᠪᠬᠢᠵᠤ ᠣᠳᠪᠠ᠃ ᠡᠨᠡ ᠴᠦ᠍ ᠨᠢᠭᠡ ᠶᠠᠭᠤᠮᠠ ᠪᠣᠯᠵᠠᠢ! ᠬᠠᠮᠢᠭᠠᠬᠢ ᠶ᠋ᠢᠨ ᠶᠠᠮᠠᠷ ᠳᠡᠭᠡᠷᠡᠮ ᠪᠣᠯᠴᠢᠬᠠᠪᠠ? ᠭᠡᠭᠡᠨ ᠴᠠᠭᠠᠨ ᠡᠳᠦᠷ ᠢ᠋ᠶ᠋ᠡᠷ ᠠᠢᠯ ᠤ᠋ᠨ ᠬᠠᠶᠠᠭᠠᠨ ᠠ᠋ᠴᠠ ᠤᠶᠠᠭᠠᠲᠠᠢ ᠮᠣᠷᠢ ᠶ᠋ᠢ ᠨᠢ ᠬᠥᠲᠥᠯᠵᠦ᠂ ᠡᠵᠡᠨ ᠢ᠋ ᠨᠢ ᠪᠣᠭᠣᠮᠢᠯᠠᠵᠤ ᠮᠣᠷᠢᠨ ᠠ᠋ᠴᠠ ᠴᠢᠷᠳᠡᠭ ᠨᠢ ᠶᠠᠮᠠᠷ ᠬᠠᠮᠢᠭᠠᠰᠢ ᠪᠠᠨ ᠬᠥᠮᠦᠨ ᠦ᠌ ᠦᠨᠦᠷ ᠦᠭᠡᠢ ᠠᠮᠢᠲᠠᠨ ᠪᠣᠢ? ᠮᠠᠭᠤ ᠪᠠᠯᠵᠤᠤᠷ ᠢ᠋ ᠴᠦ᠍ ᠠᠯᠠᠬᠤ ᠨᠢ ᠠ᠋! ᠭᠡᠵᠦ ᠵᠠᠩᠴᠤᠪ ᠰᠠᠨᠳᠤᠷᠤᠨ ᠵᠡᠭᠦᠨᠰᠢ ᠬᠢᠷᠠᠯᠠᠨ ᠮᠥᠷᠳᠡᠵᠦ ᠥᠨᠳᠥᠷ ᠰᠢᠭ ᠳᠣᠪᠣᠴᠠᠭ ᠳᠡᠭᠡᠷᠡ ᠭᠠᠷᠴᠤ ᠳᠤᠷᠠᠨᠳᠠᠭᠰᠠᠨ ᠳ᠋ᠤ᠌ ᠡᠨᠡ ᠬᠣᠶᠠᠷ ᠬᠥᠮᠦᠨ ᠨᠢᠭᠡ ᠯᠡ ᠳᠡᠭᠡᠷᠡᠮ ᠦ᠋ᠨ ᠮᠠᠶᠢᠭ ᠦᠭᠡᠢ᠃ ᠰᠠᠢᠬᠠᠨ ᠮᠣᠩᠭᠣᠯ ᠡᠮᠡᠭᠡᠯ ᠲᠣᠨᠣᠭ ᠲᠠᠢ᠂ ᠮᠣᠷᠢ ᠤᠨᠤᠭᠠ ᠵᠤᠤᠵᠠᠢᠳᠠᠨ ᠬᠣᠯᠪᠣᠵᠤ ᠳᠠᠪᠬᠢᠭᠤᠯᠬᠤ ᠨᠢ ᠬᠠᠰᠢᠷ ᠠᠳᠤᠭᠤᠴᠢᠨ ᠰᠢᠭ᠋ ᠬᠠᠷᠠᠭᠳᠠᠬᠤ ᠳ᠋ᠤ᠌ ᠵᠠᠩᠴᠤᠪ ᠤᠯᠠᠮ ᠬᠠᠴᠢᠷᠬᠠᠪᠠ᠃ ᠲᠦᠷᠦᠭᠦᠦ ᠮᠣᠷᠢ ᠬᠣᠯᠪᠣᠵᠤ ᠳᠠᠪᠬᠢᠭᠰᠠᠨ ᠡᠷᠡ ᠪᠠᠷᠠᠭᠠᠨ ᠵᠢᠰᠦᠮ ᠦ᠋ᠨ ᠮᠣᠷᠢ ᠲᠠᠢ᠂ ᠰᠡᠭᠦᠯ ᠦ᠋ᠨ ᠲᠡᠷᠡ ᠠᠢᠯ ᠠ᠋ᠴᠠ ᠬᠥᠮᠦᠨ ᠪᠣᠭᠣᠮᠢᠯᠠᠵᠤ ᠴᠢᠷᠦᠭᠰᠡᠨ ᠬᠤᠸᠠ ᠮᠣᠷᠢ ᠲᠠᠢ ᠡᠷᠡ ᠶ᠋ᠢᠨ ᠦᠰᠦ ᠭᠡᠵᠢᠭᠡ ᠨᠢ ᠠᠵᠢᠷᠭᠠᠨ ᠳᠡᠯ ᠰᠢᠭ ᠳᠡᠯᠪᠡᠰ ᠳᠠᠯᠪᠠᠰ ᠬᠡᠢᠰᠬᠦ ᠨᠢ ᠰᠣᠳᠣᠨ ᠬᠠᠷᠠᠭᠳᠠᠨᠠ᠃ ᠫᠤᠤ ᠪᠠᠨ ᠵᠠᠮᠤᠭᠯᠠᠮᠠᠭᠴᠠ ᠲᠡᠷᠡ ᠤᠷᠲᠤ ᠭᠡᠵᠢᠭᠡ ᠲᠡᠢ ᠡᠷᠡ ᠶ᠋ᠢᠨ ᠭᠠᠪᠠᠯᠠ ᠨᠢ ᠬᠡᠢᠰᠴᠦ ᠲᠠᠷᠢᠬᠢ ᠨᠢ ᠦᠰᠦᠷᠬᠦ ᠳ᠋ᠦ᠍ ᠡᠨᠡᠭᠦᠬᠡᠨ ᠳ᠋ᠦ᠍ ᠰᠠᠨᠠᠭᠳᠠᠨᠠ᠃ ᠫᠤᠤ ᠪᠠᠨ ᠣᠨᠢᠯᠠᠨ ᠠᠪᠤᠭᠠᠳ ᠵᠠᠩᠴᠤᠪ ᠤ᠋ᠨ ᠳᠣᠲᠣᠷᠠ ᠶᠠᠭᠤ ᠪᠣᠳᠣᠭᠳᠠᠭᠰᠠᠨ ᠢ᠋ ᠪᠤᠤ ᠮᠡᠳᠡ᠂ ᠬᠠᠷᠠᠭᠠ ᠪᠠᠨ ᠤᠷᠲᠤ ᠳᠡᠭᠡᠰᠦᠨ ᠳᠡᠭᠡᠷᠡ ᠰᠢᠯᠵᠢᠭᠦᠯᠵᠦ ᠨᠢᠭᠡ ᠯᠡ ᠭᠣᠬᠠᠳᠠᠭᠰᠠᠨ ᠳ᠋ᠤ᠌ ᠳᠡᠭᠡᠰᠦ ᠲᠠᠰᠤᠷᠠᠨ ᠬᠤᠸᠠ ᠮᠣᠷᠢ ᠲᠠᠢ ᠬᠥᠮᠦᠨ ᠲᠥᠷᠥᠭᠦᠰᠢ ᠪᠡᠨ ᠣᠢᠴᠢᠬᠤ ᠰᠢᠬᠠᠵᠤ ᠥᠨᠥᠬᠢ ᠴᠢᠷᠦᠭᠳᠡᠭᠰᠡᠨ ᠬᠥᠮᠦᠨ ᠭᠠᠵᠠᠷ ᠤ᠋ᠨ ᠤᠷᠤᠭᠤ ᠲᠠᠢᠰᠢ ᠪᠥᠮᠪᠥᠷᠢᠨ ᠬᠣᠴᠣᠷᠪᠠ᠁
ᠠᠩᠴᠢᠨᠵᠠᠪ ᠤ᠋ᠨ ᠨᠢᠳᠦᠨ ᠳ᠋ᠦ᠍ ᠲᠡᠷᠡ ᠡᠷᠡ ᠶᠠᠭᠠᠬᠢᠬᠤ ᠠᠷᠭᠠ ᠦᠭᠡᠢ ᠲᠠᠨᠢᠮᠠᠷ ᠬᠥᠮᠦᠨ ᠪᠠᠢᠪᠠ᠃
ᠠᠩᠴᠢᠨᠵᠠᠪ ᠲᠡᠷᠡ ᠡᠷᠡ ᠡᠴᠡ ᠦᠯᠦ ᠡᠮᠢᠶᠡᠡ ᠨᠠᠮᠠᠶ᠋ᠢ ᠬᠣᠣᠷᠯᠠᠬᠤ ᠪᠠᠢᠭᠰᠠᠨ ᠪᠣᠯ ᠶᠠᠭᠤ ᠭᠡᠵᠦ ᠴᠢᠷᠦᠭᠰᠡᠨ ᠴᠠᠯᠮᠠ ᠶ᠋ᠢ ᠲᠠᠰᠤ ᠫᠤᠤᠳᠠᠨᠠ ᠪᠣᠢ? ᠡᠨᠡ ᠴᠦ᠍ ᠪᠠᠰᠠ ᠰᠠᠢᠨ ᠡᠷᠡ ᠶᠦᠮ ᠠ᠋! ᠭᠡᠵᠦ ᠪᠣᠳᠣᠭᠰᠠᠨ ᠪᠣᠯᠪᠠᠴᠤ ᠴᠢᠷᠠᠢ ᠳᠡᠭᠡᠷᠡ ᠪᠡᠨ ᠦᠯᠦ ᠮᠡᠳᠡᠭᠳᠡᠨ ᠬᠢᠯᠠᠮᠬᠢᠵᠤ ᠠᠪᠤᠭᠠᠳ᠄
— ᠶᠠᠮᠠᠷ ᠬᠠᠮᠢᠭᠠᠰᠢ ᠪᠠᠨ ᠶᠠᠪᠤᠳᠠᠯ ᠳ᠋ᠤ᠌ ᠰᠠᠭᠠᠳ ᠬᠢᠳᠡᠭ ᠬᠥᠮᠦᠨ ᠪᠣᠢ ᠲᠠ! ᠬᠡᠨ ᠭᠡᠭᠴᠢ᠂ ᠬᠠᠮᠢᠭᠠᠬᠢ ᠶ᠋ᠢᠨ ᠬᠥᠮᠦᠨ ᠪᠣᠢ? ᠭᠡᠪᠡ᠃
— ᠮᠢᠨᠦ ᠨᠡᠷᠡ ᠣᠪᠣᠭ ᠬᠡᠨ ᠪᠣᠯᠬᠤ ᠨᠢ ᠴᠢᠮᠠ ᠳ᠋ᠤ᠌ ᠬᠠᠮᠢᠶᠠ ᠦᠭᠡᠢ᠃ ᠵᠡᠪᠰᠡᠭ ᠢ᠋ᠶ᠋ᠡᠨ ᠬᠠᠶᠠ! ᠦᠭᠡᠢ ᠪᠣᠯ᠁ ᠭᠡᠳ ᠵᠠᠩᠴᠤᠪ ᠫᠤᠤ ᠪᠠᠨ ᠵᠠᠮᠤᠭᠯᠠᠪᠠ᠃
— ᠵᠡᠪᠰᠡᠭ ᠲᠡᠢ ᠪᠠᠢᠭᠰᠠᠨ ᠪᠣᠯ ᠡᠨᠡ ᠮᠠᠭᠤ ᠴᠢᠰᠤ ᠶ᠋ᠢ ᠪᠢ ᠶᠠᠭᠤ ᠭᠡᠵᠦ ᠢᠩᠭᠢᠵᠦ ᠬᠥᠮᠦᠨ ᠮᠣᠷᠢᠨ ᠤ᠋ ᠦᠢᠯᠡ ᠪᠠᠷᠠᠵᠤ ᠨᠢᠳᠦ ᠪᠤᠵᠠᠷᠲᠤᠭᠰᠠᠨ ᠶᠠᠭᠤᠮᠠ ᠬᠢᠬᠦ ᠪᠣᠢ! ᠮᠠᠭᠤ ᠴᠢᠰᠤ ᠶ᠋ᠢ᠁ ᠭᠡᠳ《ᠲᠡᠮᠤᠷᠰᠥ᠋ᠬᠡ ᠠ᠋! ᠮᠢᠨᠦ ᠬᠦᠦ ᠨᠠᠭᠠᠰᠢ ᠪᠠᠨ!》 ᠭᠡᠵᠦ ᠳᠠᠭᠤᠳᠠᠪᠠ᠃
《ᠲᠡᠮᠤᠷᠰᠥ᠋ᠬᠡ ᠠ᠋!》 ᠭᠡᠰᠡᠨ ᠨᠢ ᠵᠠᠩᠴᠤᠪ ᠲᠤ ᠶᠠᠮᠠᠷ ᠰᠠᠢᠬᠠᠨ ᠳᠣᠲᠣᠨᠣ ᠰᠣᠨᠣᠰᠳᠠᠪᠠ᠃ ᠬᠦᠦ ᠮᠢᠨᠢ ᠮᠥᠨ ᠪᠢᠵᠡ! ᠭᠡᠵᠦ ᠪᠣᠳᠣᠬᠤ ᠳ᠋ᠤ᠌ ᠪᠦᠬᠦ ᠪᠡᠶᠡ ᠳ᠋ᠦ᠍ᠨᠢ ᠬᠠᠯᠠᠭᠤᠨ ᠠᠰᠬᠠᠪᠠ᠃ ᠦᠭᠡᠢ᠂ ᠡᠨᠡ ᠡᠷᠡ ᠪᠠᠰᠠ《ᠮᠢᠨᠦ ᠬᠦᠦ ᠨᠠᠭᠠᠰᠢ ᠪᠠᠨ!》 ᠭᠡᠳᠡᠭ ᠴᠢᠨᠢ! ᠡᠨᠡ ᠰᠠᠢᠨ ᠡᠷᠡ ᠬᠦᠦ ᠲᠡᠢ ᠪᠡᠨ ᠶᠠᠪᠤᠭᠠ ᠶᠤᠮ ᠪᠠᠢᠨᠠ ᠭᠡᠵᠦ ᠪᠣᠳᠣᠨ ᠶᠠᠭᠤ ᠨᠢᠭᠡ ᠬᠡᠯᠡᠬᠦ ᠭᠡᠲᠡᠯᠡ ᠴᠠᠭᠠᠨᠠ ᠠ᠋ᠴᠠ ᠲᠡᠮᠤᠷᠰᠥ᠋ᠬᠡ ᠤᠢᠷᠳᠴᠤ ᠢᠷᠡᠭᠡᠳ ᠥᠭᠡᠳᠡ ᠡᠴᠡ ᠨᠢ ᠬᠠᠷᠠᠵᠤ《ᠵᠠ ᠰᠠᠢᠨ ᠤᠤ?》 ᠭᠡᠵᠦ ᠨᠢᠳᠦ ᠪᠡᠷ ᠢ᠋ᠶ᠋ᠡᠨ ᠮᠡᠨᠳᠦᠯᠡᠬᠦ ᠰᠢᠭ ᠪᠣᠯᠪᠠ᠃
— ᠵᠠ᠂ ᠮᠢᠨᠦ ᠬᠦᠦ ᠬᠡᠭᠡᠷ ᠮᠣᠷᠢᠨ ᠤ᠋ ᠪᠠᠨ ᠶᠠᠩᠭᠢᠷᠴᠠᠭ ᠢ᠋ ᠬᠠᠭᠤᠯᠵᠤ ᠲᠡᠷᠡ ᠪᠦᠦ ᠦᠵᠡᠭᠳᠡᠭᠰᠡᠨ ᠦᠬᠦᠭᠡᠷ ᠳᠡᠭᠡᠷᠡ ᠠᠪᠠᠴᠢᠭᠠᠳ ᠬᠠᠶᠠᠴᠢᠬᠠ! ᠵᠠᠭᠤᠷᠮᠠᠭ ᠰᠦᠨᠡᠰᠦ ᠨᠢ ᠮᠠᠭᠤ ᠶᠠᠩᠭᠢᠷᠴᠠᠭ ᠵᠠᠢᠳᠠᠯᠠᠭᠠᠳ ᠶᠠᠪᠤᠭ ᠴᠠᠭᠠᠰᠢ ᠪᠠᠨ! ᠭᠡᠰᠡᠨ ᠳ᠋ᠦ᠍ ᠲᠡᠮᠤᠷᠰᠥ᠋ᠬᠡ ᠬᠡᠭᠡᠷ ᠮᠣᠷᠢᠨ ᠤ᠋ ᠶᠠᠩᠭᠢᠷᠴᠠᠭ ᠢ᠋ ᠬᠠᠭᠤᠯᠵᠤ ᠠᠪᠤᠭᠠᠳ ᠴᠠᠭᠠᠰᠢ ᠶᠠᠪᠤᠪᠠ᠃
— ᠴᠠᠭᠠᠳᠤ ᠪᠣᠭᠣᠮᠢᠯᠠᠭᠰᠠᠨ ᠦᠬᠦᠭᠡᠷ ᠴᠢᠨᠢ ᠶᠠᠮᠠᠷ ᠬᠥᠮᠦᠨ ᠪᠣᠯᠴᠢᠬᠠᠪᠠ?
— ᠮᠠᠭᠤ ᠬᠠᠷᠠ ᠵᠠᠨᠠᠭ!
— ᠦᠭᠡᠢ ᠠ᠋᠂ ᠶᠠᠭᠤ ᠴᠦ᠍ ᠪᠣᠯᠤᠭ᠂ ᠶᠠᠭᠠᠬᠢᠬᠤ ᠳ᠋ᠠᠭᠠᠨ ᠲᠠ ᠨᠠᠷ ᠡᠨᠡ ᠬᠥᠮᠦᠨ ᠢ᠋ ᠢᠩᠭᠢᠵᠦ᠁ ᠭᠡᠵᠦ ᠬᠡᠯᠡᠬᠦ ᠶ᠋ᠢ ᠵᠠᠪᠳᠤᠲᠠᠯᠠ ᠠᠩᠴᠢᠨᠵᠠᠪ ᠲᠠᠰᠤᠯᠵᠤ᠄
— ᠬᠣᠣᠷ ᠢ᠋ ᠬᠣᠣᠷ ᠢ᠋ᠶ᠋ᠠᠷ ᠨᠢ ᠳᠡᠢᠯᠦᠨᠡ ᠭᠡᠳᠡᠭ ᠦᠭᠡᠢ ᠪᠢᠯᠡ ᠤᠤ? ᠡᠨᠡ ᠮᠠᠭᠤ ᠵᠠᠨᠠᠭ ᠭᠡᠭᠴᠢ ᠮᠣᠩᠭᠣᠯ ᠤ᠋ᠨ ᠰᠢᠷᠠᠰᠤ ᠤᠤᠭᠤᠵᠤ᠂ ᠮᠢᠬᠠ ᠱᠥᠯᠥ ᠶ᠋ᠢ ᠮᠤᠬᠤᠷ ᠦᠭᠡᠢ ᠴᠢᠬᠢᠴᠢᠭᠡᠭᠡᠳ ᠮᠣᠩᠭᠣᠯᠴᠤᠳ ᠢ᠋ ᠲᠤᠨᠤᠬᠤ᠂ ᠳᠡᠭᠡᠷᠡᠮᠳᠡᠬᠦ᠂ ᠬᠢᠬᠠᠬᠤ᠂ ᠲᠠᠮᠤᠯᠠᠬᠤ᠂ ᠠᠯᠠᠬᠤ ᠲᠠᠪᠤᠨ ᠮᠠᠭᠤ ᠢᠷᠣᠠ ᠶ᠋ᠢᠨ ᠨᠢᠭᠦᠯ ᠢ᠋ ᠴᠦ᠍ ᠨᠡᠯᠢᠶᠡᠳ ᠦᠢᠯᠡᠳᠦᠭᠰᠡᠨ ᠴᠢᠰᠤ ᠪᠠᠢᠭᠠ ᠶᠤᠮ᠃ ᠢᠩᠭᠢᠬᠦ ᠦᠭᠡᠢ ᠪᠣᠯ ᠬᠣᠷᠣᠰᠤᠯ ᠲᠠᠢᠯᠤᠭᠳᠠᠬᠤ ᠦᠭᠡᠢ ᠠ᠋! ᠭᠡᠰᠡᠨ ᠳ᠋ᠦ᠍ ᠵᠠᠩᠴᠤᠪ ᠫᠤᠤ ᠶ᠋ᠢᠨ ᠢ᠋ᠶ᠋ᠡᠨ ᠵᠠᠮᠤᠭ ᠢ᠋ ᠲᠠᠢᠯᠵᠤ ᠮᠣᠷᠢᠨ ᠠ᠋ᠴᠠ ᠪᠠᠨ ᠪᠠᠭᠤᠪᠠ᠃
ᠲᠡᠮᠤᠷᠰᠥ᠋ᠬᠡ ᠥᠨᠥᠬᠢ ᠶᠠᠩᠭᠢᠷᠴᠠᠭ ᠢ᠋ ᠲᠡᠷᠡ ᠬᠠᠷᠠ ᠨᠢᠳᠦᠲᠦ ᠶ᠋ᠢᠨ ᠦᠬᠦᠭᠡᠷ ᠳᠡᠭᠡᠷᠡ ᠠᠪᠠᠴᠢᠵᠤ ᠬᠠᠶᠠᠴᠢᠬᠠᠭᠠᠳ ᠪᠤᠴᠠᠵᠤ ᠶᠠᠪᠤᠬᠤ ᠶ᠋ᠢ ᠵᠠᠩᠴᠤᠪ ᠬᠠᠷᠠᠭᠠᠳ ᠳᠣᠲᠣᠷᠠ ᠪᠠᠨ《ᠡᠨᠡ ᠬᠦᠦ ᠶ᠋ᠢᠨ ᠵᠢᠰᠦ ᠲᠥᠯᠥᠪ᠂ ᠪᠡᠶᠡ ᠪᠢᠯᠳᠠᠷ᠂ ᠠᠯᠬᠤᠵᠤ ᠭᠢᠰᠬᠢᠬᠦ ᠨᠢ ᠬᠦᠷᠲᠡᠯᠡ ᠮᠢᠨᠦ ᠮᠠᠭᠤ ᠶᠡᠬᠡ ᠬᠦᠦ ᠲᠡᠢ ᠶᠠᠭᠠᠬᠢᠭᠰᠠᠨ ᠠᠳᠠᠯᠢᠬᠠᠨ ᠶᠤᠮ ᠪᠣᠢ?》 ᠭᠡᠵᠦ ᠪᠣᠳᠣᠬᠤ ᠬᠣᠷᠣᠮ ᠲᠡᠮᠤᠷᠰᠥ᠋ᠬᠡ ᠳᠡᠷᠭᠡᠳᠡ ᠨᠢ ᠲᠤᠯᠵᠤ ᠢᠷᠡᠪᠡ᠃
《ᠣ᠂ ᠬᠥᠭᠡᠷᠦᠬᠦᠢ! ᠬᠦᠦ ᠮᠢᠨᠢ ᠰᠢᠳᠡ!》 ᠭᠡᠵᠦ ᠵᠠᠩᠴᠤᠪ ᠬᠡᠯᠡᠬᠦ ᠭᠡᠳ ᠬᠡᠯᠡᠵᠦ ᠴᠢᠳᠠᠭᠰᠠᠨ ᠦᠭᠡᠢ ᠲᠦᠭᠳᠡᠷᠡᠭᠰᠡᠨ ᠢ᠋ ᠠᠩᠴᠢᠨᠵᠠᠪ ᠬᠠᠷᠠᠭᠠᠳ᠄
— ᠲᠡᠮᠤᠷᠰᠥ᠋ᠬᠡ ᠠ᠋᠂ ᠡᠨᠡ ᠬᠥᠮᠦᠨ ᠠᠪᠤ ᠴᠢᠨᠢ! ᠠᠪᠤ ᠳ᠋ᠠᠭᠠᠨ ᠰᠥᠬᠥᠷᠡ! ᠮᠢᠨᠦ ᠬᠦᠦ ᠠ᠋! ᠭᠡᠰᠡᠨ ᠳ᠋ᠦ᠍ ᠲᠡᠮᠤᠷᠰᠥ᠋ᠬᠡ ᠲᠡᠷᠡ ᠫᠤᠤ ᠡᠭᠦᠷᠦᠭᠰᠡᠨ ᠬᠥᠮᠦᠨ ᠢ᠋ ᠬᠡᠰᠡᠭ ᠮᠡᠯᠡᠷᠡᠨ ᠬᠠᠷᠠᠭᠰᠠᠨ ᠢ᠋ᠶ᠋ᠠᠨ᠄
— ᠠᠪᠤ ᠠ᠋! ᠭᠡᠵᠦ ᠡᠪᠦᠳᠦᠭ ᠳᠣᠣᠷᠠ ᠨᠢ ᠰᠥᠬᠥᠷᠡᠨ ᠮᠥᠷᠭᠥᠪᠡ᠃
ᠵᠠᠩᠴᠤᠪ ᠤ᠋ᠨ ᠨᠢᠳᠦᠨ ᠳ᠋ᠦ᠍ ᠳᠦᠭᠦᠷᠡᠩ ᠵᠠᠢᠷ ᠮᠡᠯᠲᠡᠭᠡᠨᠡᠵᠦ᠄
— ᠮᠢᠨᠦ ᠬᠦᠦ ᠪᠣᠰ! ᠭᠡᠳ ᠪᠣᠰᠬᠤ ᠳ᠋ᠤᠨᠢ《ᠡᠷᠡ ᠥᠰᠴᠦ ᠢᠰᠡᠭᠡᠢ ᠰᠤᠨᠳᠠᠭ ᠭᠡᠳᠡᠭ ᠢ᠋ᠶ᠋ᠡᠷ ᠮᠢᠨᠦ ᠬᠦᠦ ᠴᠦ᠍ ᠡᠷᠡ ᠶ᠋ᠢᠨ ᠵᠡᠷᠭᠡ ᠳ᠋ᠦ᠍ ᠬᠦᠷᠴᠢᠬᠡᠵᠡᠢ!》 ᠭᠡᠳ ᠮᠠᠩᠨᠠᠢ ᠶ᠋ᠢ ᠨᠢ ᠦᠨᠦᠰᠦᠨ ᠥᠬᠥᠭᠡᠷᠳᠡᠪᠡ᠃
ᠤᠳᠠᠭᠠᠨ ᠠᠭᠤᠯᠵᠠᠭᠰᠠᠨ ᠦᠭᠡᠢ ᠡᠴᠢᠭᠡ ᠬᠥᠪᠡᠭᠦᠨ ᠬᠣᠶᠠᠷ ᠡᠢᠨ ᠬᠦ᠌ ᠰᠠᠢᠬᠠᠨ ᠠᠭᠤᠯᠵᠠᠭᠰᠠᠨ ᠢ᠋ ᠬᠠᠷᠠᠭᠰᠠᠨ ᠠᠩᠴᠢᠨᠵᠠᠪ ᠤ᠋ᠨ ᠳᠣᠲᠣᠷᠠ ᠨᠢ ᠤᠶᠠᠷᠠᠨ᠂ ᠬᠡᠵᠢᠶᠡ ᠨᠢᠭᠡ ᠡᠳᠦᠷ ᠪᠢ ᠴᠦ᠍ ᠭᠡᠰᠡᠨ ᠮᠠᠭᠤ ᠡᠵᠢ ᠲᠡᠢ ᠪᠡᠨ ᠠᠭᠤᠯᠵᠠᠬᠤ ᠳ᠋ᠤ᠌ ᠪᠤᠭᠤᠷᠤᠯ ᠡᠵᠢ ᠮᠢᠨᠢ ᠬᠦᠦ ᠪᠡᠨ ᠨᠠᠮᠠᠶ᠋ᠢ ᠢᠩᠭᠢᠵᠦ ᠦᠨᠦᠰᠦᠨᠡ ᠳᠡ! ᠭᠡᠵᠦ ᠪᠣᠳᠣᠭᠰᠠᠨ ᠪᠣᠯᠪᠠᠴᠤ ᠪᠡᠶᠡ ᠪᠡᠨ ᠪᠠᠷᠢᠵᠤ᠄
— ᠪᠠᠶᠠᠷᠲᠤ ᠠᠬᠠ ᠡᠳᠦᠢᠴᠢᠨᠡᠭᠡᠨ ᠵᠢᠯ ᠬᠠᠮᠢᠭᠠᠭᠤᠷ ᠶᠠᠪᠤᠭᠠᠳ ᠪᠠᠢᠪᠠ? ᠲᠡᠭᠡᠭᠡᠳ ᠴᠠᠭᠠᠳᠤ ᠭᠤᠨᠠᠨ ᠪᠠᠳᠠᠢ ᠲᠠᠢ ᠪᠠᠨ ᠠᠭᠤᠯᠵᠠᠪᠠ ᠤᠤ ᠦᠭᠡᠢ ᠤᠤ? ᠭᠡᠰᠡᠨ ᠳ᠋ᠦ᠍ ᠵᠠᠩᠴᠤᠪ ᠮᠠᠩᠨᠠᠢ ᠪᠠᠨ ᠰᠢᠭᠠᠵᠤ᠄
— ᠢᠰᠢ! ᠡᠨᠡ ᠴᠢᠨᠢ ᠠᠩᠴᠢᠨᠵᠠᠪ ᠪᠠᠢᠬᠤ ᠨᠢ ᠭᠡᠳ ᠭᠦᠶᠦᠨ ᠵᠠᠪᠳᠤᠨ ᠳᠡᠷᠭᠡᠳᠡ ᠨᠢ ᠢᠷᠡᠭᠡᠳ《ᠮᠠᠭᠤ ᠵᠣᠯᠳᠣᠷᠣᠢ ᠴᠢ᠂ ᠲᠣᠮᠣᠭᠠᠵᠢᠴᠢᠬᠠᠬᠤ ᠨᠢ ᠡᠨᠡ ᠤᠤ?》 ᠭᠡᠵᠦ ᠡᠪᠴᠢᠭᠦᠦ ᠤᠷᠤᠭᠤ ᠨᠢ ᠬᠦᠴᠦᠲᠡᠢ ᠰᠢᠭᠠᠪᠠ᠃ ᠠᠩᠴᠢᠨᠵᠠᠪ ᠮᠥᠷᠥ ᠪᠡᠷ ᠢ᠋ᠶ᠋ᠡᠨ ᠶᠠᠯᠢ ᠦᠭᠡᠢ ᠨᠠᠢᠭᠤᠭᠰᠠᠨ ᠪᠣᠯᠪᠠᠴᠤ ᠬᠥᠯ ᠨᠢ ᠬᠥᠰᠢᠶᠡᠰᠤᠲᠠᠢ ᠲᠡᠮᠦᠷ ᠰᠢᠭ᠋ ᠣᠷᠣᠨ ᠠ᠋ᠴᠠ ᠪᠠᠨ ᠬᠥᠳᠡᠯᠦᠭᠰᠡᠨ ᠦᠭᠡᠢ᠃
— ᠵᠠ᠂ ᠣᠳᠣ ᠮᠢᠨᠦ ᠡᠭᠡᠯᠵᠢ ᠰᠢᠦ! ᠮᠢᠨᠦ ᠨᠢᠳᠤᠷᠭᠠ ᠶ᠋ᠢ ᠳᠠᠭᠠᠭᠠᠬᠤ ᠤᠤ? ᠪᠠᠶᠠᠷᠲᠤ ᠠᠬᠠ ᠠ᠋᠂ ᠣᠳᠣ ᠲᠠ ᠨᠠᠮᠠᠶ᠋ᠢ ᠬᠣᠨᠢᠴᠢᠯᠠᠵᠤ ᠴᠢᠳᠥᠷᠯᠡᠭᠡᠴᠢ! ᠭᠡᠳ ᠪᠡᠶᠡ ᠳ᠋ᠦ᠍ᠨᠢ ᠨᠠᠭᠠᠯᠳᠤᠵᠤ ᠣᠴᠢᠨ ᠡᠩᠭᠡᠯᠵᠡᠭᠦᠷ ᠡᠴᠡ ᠨᠢ ᠪᠠᠵᠠᠭᠳᠠᠵᠤ ᠠᠪᠤᠨ ᠡᠪᠦᠳᠦᠭ ᠳᠣᠣᠭᠤᠷ ᠬᠣᠨᠳᠣᠴᠠᠭ ᠢ᠋ᠶ᠋ᠠᠨ ᠥᠭᠴᠦ᠂ ᠭᠠᠭᠴᠠᠬᠠᠨ ᠲᠣᠩᠭᠣᠷᠠᠭᠰᠠᠨ ᠳ᠋ᠤ᠌ ᠵᠠᠩᠴᠤᠪ ᠢ᠋ ᠰᠤᠮᠠᠯ ᠲᠠᠢ ᠪᠤᠳᠠᠭᠠ ᠬᠠᠶᠠᠭᠰᠠᠨ ᠰᠢᠭ᠋ ᠣᠷᠬᠢᠪᠠ᠃
ᠵᠠᠩᠴᠤᠪ ᠰᠢᠷᠣᠢᠲᠤᠭᠰᠠᠨ ᠲᠣᠭᠣᠰᠣ ᠪᠠᠨ ᠭᠦᠪᠢᠵᠦ《 ᠬᠡᠭ᠂ ᠬᠡᠭ》ᠢᠨᠢᠶᠡᠨ ᠪᠣᠰᠤᠭᠰᠠᠨ ᠳ᠋ᠤ᠌ ᠠᠩᠴᠢᠨᠵᠠᠪ《ᠬᠥᠭ᠂ ᠬᠥᠭ》 ᠬᠥᠬᠥᠷᠡᠨ ᠵᠠᠩᠴᠤᠪ ᠤ᠋ᠨ ᠪᠡᠶᠡ ᠳ᠋ᠦ᠍ ᠨᠠᠭᠠᠯᠳᠤᠭᠰᠠᠨ ᠡᠪᠡᠰᠦ ᠰᠢᠷᠣᠢ ᠶ᠋ᠢ ᠴᠡᠪᠡᠷᠯᠡᠨ ᠡᠪᠦᠷ ᠡᠴᠡ ᠪᠡᠨ ᠱ᠌ᠢᠷᠦᠨ ᠵᠢᠩᠰᠡ ᠲᠡᠢ ᠮᠠᠨᠤᠬᠤᠨ ᠬᠥᠬᠦᠦᠷ ᠭᠠᠷᠭᠠᠵᠤ ᠵᠠᠩᠴᠤᠪ ᠢ᠋ ᠮᠥᠷᠥ ᠶ᠋ᠢ ᠨᠢ ᠳᠠᠪᠰᠢᠨ ᠪᠠᠷᠵᠠᠭᠠᠷ ᠴᠢᠯᠠᠭᠤ ᠳᠡᠭᠡᠷᠡ ᠬᠦᠨᠳᠦᠯᠡᠨ ᠰᠠᠭᠤᠯᠭᠠᠵᠤ᠄
— ᠠᠬᠠ ᠮᠢᠨᠢ ᠠᠮᠤᠷ ᠰᠠᠢᠨ ᠶᠠᠪᠤᠵᠤ ᠪᠠᠢᠨᠠ ᠤᠤ? ᠭᠡᠵᠦ ᠥᠪᠡᠷ ᠢ᠋ᠶ᠋ᠡᠨ ᠴᠣᠮᠣᠢᠨ ᠰᠥᠭᠥᠳᠴᠦ ᠬᠥᠬᠦᠦᠷ ᠢ᠋ᠶ᠋ᠡᠨ ᠥᠭᠭᠦᠨ ᠠᠮᠤᠷ ᠢ᠋ ᠨᠢ ᠠᠢᠯᠠᠳᠬᠠᠪᠠ᠃
— ᠵᠠ ᠵᠠ᠂ ᠰᠠᠢᠨ ᠰᠠᠢᠨ! ᠪᠦᠷ ᠰᠠᠢᠨ ᠤᠤ? ᠭᠡᠵᠦ ᠵᠠᠩᠴᠤᠪ ᠠᠩᠴᠢᠨᠵᠠᠪ ᠲᠠᠢ ᠬᠥᠬᠦᠦᠷ ᠵᠥᠷᠢᠭᠦᠯᠦᠭᠡᠳ ᠮᠠᠨᠤᠬᠤᠨ ᠬᠥᠬᠦᠦᠷ ᠦ᠋ᠨ ᠢ᠋ᠶ᠋ᠡᠨ ᠰᠢᠭᠢᠴᠢᠭᠦᠷ ᠢ᠋ᠶ᠋ᠡᠷ ᠥᠴᠦᠬᠡᠨ ᠲᠠᠮᠠᠬᠢ ᠤᠳᠬᠤᠵᠤ ᠬᠢᠮᠤᠰᠤᠨ ᠲᠣᠯᠢ ᠳᠡᠭᠡᠷᠡ ᠪᠡᠨ ᠤᠨᠠᠭᠠᠨ ᠲᠠᠲᠠᠪᠠ᠃
— ᠵᠠ᠂ ᠰᠠᠭᠤ᠂ ᠰᠠᠭᠤ! ᠮᠢᠨᠦ ᠳᠡᠭᠦᠦ ᠠ᠋! ᠥᠨᠥᠳᠥᠷ ᠶᠠᠮᠠᠷ ᠰᠠᠢᠨ ᠭᠠᠨᠵᠤᠭᠠ ᠥᠭᠡᠳᠡ ᠡᠳᠦᠷ ᠶᠦᠮ ᠪᠣᠢ! ᠢᠷᠣᠭᠠᠷ ᠲᠠᠢ ᠪᠣᠯ ᠲᠣᠭᠲᠠᠵᠤ᠂ ᠢᠷᠦᠭᠡᠯ ᠲᠡᠢ ᠪᠣᠯ ᠠᠭᠤᠯᠵᠠᠨᠠ ᠭᠡᠳᠡᠭ ᠢ᠋ᠶ᠋ᠡᠷ ᠴᠢᠮᠠ ᠲᠠᠢ ᠪᠠᠨ ᠡᠨᠳᠡ ᠢᠩᠭᠢᠵᠦ ᠠᠭᠤᠯᠵᠠᠨᠠ ᠭᠡᠵᠦ ᠶᠢᠰᠦᠨ ᠵᠡᠭᠦᠳᠦᠨ ᠳ᠋ᠡᠭᠡᠨ ᠵᠡᠭᠦᠳᠦᠯᠡᠭᠡ ᠦᠭᠡᠢ! ᠭᠡᠳ ᠥᠪᠡᠷ ᠢ᠋ᠶ᠋ᠡᠨ ᠭᠠᠵᠠᠷ ᠵᠠᠪᠢᠯᠠᠨ ᠰᠠᠭᠤᠭᠰᠠᠨ ᠳ᠋ᠤ᠌ ᠠᠩᠴᠢᠨᠵᠠᠪ ᠴᠤ᠌ ᠡᠪᠦᠳᠦᠭ ᠱᠦᠷᠭᠦᠭᠡᠨ ᠰᠠᠭᠤᠪᠠ᠃
— ᠵᠠ᠂ ᠰᠣᠨᠢᠨ ᠰᠠᠢᠬᠠᠨ ᠶᠠᠭᠤ ᠪᠠᠢᠨᠠ?
— ᠰᠣᠨᠢᠨ ᠶᠠᠭᠤ ᠪᠠᠢᠬᠤ ᠪᠣᠢ ᠳᠠ! ᠥᠨᠥᠳᠥᠷ ᠴᠦ᠍ ᠶᠠᠭᠤᠲᠠᠢ ᠭᠠᠨᠵᠤᠭᠠ ᠪᠠᠶᠠᠨ ᠡᠳᠦᠷ ᠪᠢᠯᠡ⁈ ᠬᠢᠷᠠ ᠳᠡᠭᠡᠷᠡ ᠭᠠᠷᠴᠤ ᠢᠷᠡᠮᠡᠭᠴᠡ ᠡᠨᠡ ᠠᠷᠤ ᠰᠢᠷᠢᠩᠭᠢ ᠡᠴᠡ ᠬᠢᠵᠠᠭᠠᠯᠠᠩ ᠭᠤᠷᠠ ᠤᠨᠠᠭᠠᠴᠢᠬᠠᠯᠠ! ᠮᠤᠨᠠ ᠬᠠᠢᠷᠬᠠᠨ ᠲᠠ ᠬᠣᠶᠠᠷ ᠲᠤ ᠭᠤᠷᠠ ᠶ᠋ᠢᠨ ᠳᠡᠭᠡᠵᠢ ᠪᠡᠯᠡᠭᠯᠡᠵᠡᠢ᠃ ᠬᠡᠴᠢᠨᠡᠭᠡᠨ ᠵᠢᠯ ᠠᠭᠤᠯᠵᠠᠭᠰᠠᠨ ᠦᠭᠡᠢ ᠮᠠᠭᠤ ᠳᠡᠭᠦᠦ ᠲᠡᠢ ᠪᠡᠨ ᠴᠦ᠍ ᠵᠣᠯᠭᠠᠯᠠ᠃ ᠬᠦᠦ ᠲᠡᠢ ᠪᠡᠨ ᠴᠦ᠍ ᠠᠭᠤᠯᠵᠠᠯᠠ᠃ ᠵᠠ᠂ ᠲᠡᠭᠡᠪᠡᠯ ᠢᠩᠭᠢᠭᠡᠳ ᠲᠠᠷᠭᠤᠨ ᠭᠤᠷᠠ ᠶ᠋ᠢᠨ ᠪᠣᠷᠣ ᠱᠥᠯᠥ ᠤᠤᠭᠤᠨᠠ ᠠ᠋! ᠭᠡᠳ ᠭᠠᠩᠰᠠᠨ ᠤ᠋ ᠦᠨᠡᠰᠦ ᠶ᠋ᠢ ᠭᠤᠲᠤᠯ ᠤ᠋ᠨ ᠢ᠋ᠶ᠋ᠠᠨ ᠲᠦᠷᠡᠢ ᠳ᠋ᠦ᠍ ᠠᠶᠠᠷᠬᠠᠨ ᠭᠦᠪᠢᠵᠦ ᠬᠡᠯᠡᠭᠰᠡᠨ ᠳ᠋ᠦ᠍ ᠠᠩᠴᠢᠨᠵᠠᠪ᠄
— ᠪᠢᠳᠡ ᠬᠣᠶᠠᠷ ᠴᠤ᠌ ᠦᠨᠡᠬᠡᠷ ᠠᠮᠠᠨ ᠬᠡᠰᠢᠭ ᠲᠡᠢ᠃ ᠲᠡᠢᠮᠦ ᠤᠤ? ᠲᠡᠮᠤᠷᠰᠥ᠋ᠬᠡ ᠠ᠋! ᠭᠡᠳ ᠬᠠ ᠬᠠ ᠢᠨᠢᠶᠡᠪᠡ᠃
ᠲᠡᠮᠤᠷᠰᠥ᠋ᠬᠡ ᠴᠦ᠍ ᠡᠨᠡ ᠬᠣᠶᠠᠷ ᠰᠠᠢᠨ ᠡᠷᠡ ᠶ᠋ᠢᠨ ᠵᠣᠭᠣᠭ ᠲᠤ ᠴᠢᠬᠢ ᠬᠠᠯᠠᠰᠠᠵᠤ ᠢᠨᠢᠶᠡᠮᠰᠦᠭᠯᠡᠨᠡ᠃
ᠠᠩᠴᠢᠨᠵᠠᠪ ᠬᠠᠢᠯᠠᠰᠤᠲᠠᠢ ᠶ᠋ᠢᠨ ᠪᠤᠯᠠᠭ ᠤ᠋ᠨ ᠰᠠᠢᠷ ᠳᠡᠭᠡᠷᠡ ᠭᠤᠷᠪᠠᠨ ᠣᠴᠣᠭ ᠲᠤᠯᠵᠤ ᠵᠡᠰ ᠰᠠᠨᠵᠢ ᠲᠠᠢ ᠭᠠᠤᠯᠢᠨ ᠲᠣᠭᠣᠭᠠᠨ ᠳ᠋ᠤ᠌ ᠴᠠᠢ ᠴᠢᠨᠠᠪᠠ᠃
— ᠲᠡᠮᠤᠷᠰᠥ᠋ᠬᠡ ᠠ᠋᠂ ᠮᠢᠨᠦ ᠬᠦᠦ ᠮᠣᠷᠢᠳ ᠤ᠋ᠨ ᠢ᠋ᠶ᠋ᠠᠨ ᠡᠮᠡᠭᠡᠯ ᠢ᠋ ᠠᠪᠴᠤ ᠴᠢᠳᠥᠷᠯᠡᠭᠡᠳ ᠲᠠᠯᠪᠢᠴᠢᠬᠠ! ᠨᠢᠷᠤᠭᠤ ᠨᠢ ᠵᠢᠭᠠᠬᠠᠨ ᠠᠮᠠᠷᠠᠵᠤ᠂ ᠡᠪᠡᠰᠦ ᠬᠠᠵᠠᠯᠠᠭ! ᠭᠡᠰᠡᠨ ᠳ᠋ᠦ᠍ ᠲᠡᠮᠤᠷᠰᠥ᠋ᠬᠡ《ᠵᠠ!》 ᠭᠡᠳ ᠡᠮᠡᠭᠡᠯ᠂ ᠭᠠᠨᠵᠤᠭᠠ ᠪᠠᠨ ᠪᠠᠭᠤᠯᠭᠠᠵᠤ ᠮᠣᠷᠢᠳ ᠢ᠋ᠶ᠋ᠠᠨ ᠴᠠᠭᠠᠳᠤ ᠵᠦᠯᠭᠡᠨ ᠳᠡᠭᠡᠷᠡ ᠠᠪᠠᠴᠢᠵᠤ ᠴᠢᠳᠥᠷᠯᠡᠪᠡ᠃
ᠵᠠᠩᠴᠤᠪ ᠭᠤᠷᠠ ᠥᠪᠴᠢᠵᠦ ᠮᠢᠬᠠ ᠪᠣᠷᠴᠠᠯᠠᠨ ᠭᠣᠣᠯ ᠮᠢᠬᠠᠨ ᠠ᠋ᠴᠠ ᠨᠢ ᠭᠠᠯ ᠳ᠋ᠤ᠌ ᠰᠢᠷᠠᠵᠤ ᠶᠠᠭᠠᠷᠠᠨᠠ᠃ ᠢᠳᠡᠭᠡᠰᠢᠭ ᠴᠠᠢ ᠳᠠᠷᠭᠢᠯᠤᠨ ᠪᠤᠴᠠᠯᠵᠤ᠂ ᠭᠤᠷᠠ ᠶ᠋ᠢᠨ ᠰᠢᠷᠠᠭᠰᠠᠨ ᠮᠢᠬᠠ ᠲᠣᠰᠣᠨ ᠳ᠋ᠠᠭᠠᠨ ᠰᠢᠷᠴᠢᠭᠢᠨᠡᠵᠦ ᠰᠠᠢᠬᠠᠨ ᠦᠨᠦᠷ ᠬᠠᠩᠬᠤᠯᠵᠤ ᠪᠠᠢᠯᠠ᠃
ᠵᠠᠩᠴᠤᠪ ᠭᠤᠷᠪᠠᠭᠤᠯᠠ ᠬᠣᠢᠮᠤᠷᠯᠠᠵᠤ ᠴᠢᠨᠳᠠᠮᠤᠨᠢᠯᠠᠨ ᠰᠠᠭᠤᠭᠠᠳ ᠰᠢᠷᠠᠭᠰᠠᠨ ᠭᠤᠷᠠ ᠶ᠋ᠢᠨ ᠮᠢᠬᠠ ᠢᠳᠡᠵᠦ᠂ ᠢᠳᠡᠭᠡᠰᠢᠭ ᠴᠠᠢ ᠣᠭᠣᠴᠢᠯᠠᠵᠤ ᠰᠠᠭᠤᠬᠤ ᠳ᠋ᠤ᠌ ᠤᠳᠠᠭᠠᠨ ᠠᠭᠤᠯᠵᠠᠭᠠ ᠦᠭᠡᠢ ᠠᠬᠠ ᠳᠡᠭᠦᠦ᠂ ᠠᠪᠤ ᠬᠦᠦ ᠭᠤᠷᠪᠠᠭᠤᠯᠠ ᠳ᠋ᠤ᠌ ᠬᠡᠮᠵᠢᠶᠡ ᠦᠭᠡᠢ ᠵᠢᠷᠭᠠᠯ ᠪᠣᠯᠪᠠ᠃
ᠲᠡᠮᠤᠷᠰᠥ᠋ᠬᠡ ᠴᠠᠢ ᠪᠠᠨ ᠤᠤᠭᠤᠴᠢᠬᠠᠭᠠᠳ ᠶᠡᠬᠡᠴᠦᠦᠯ ᠦ᠋ᠨ ᠦᠭᠡ ᠪᠢᠲᠡᠭᠡᠢ ᠴᠢᠩᠨᠠ! ᠭᠡᠰᠡᠨ ᠲᠣᠮᠣᠴᠤᠤᠯ ᠤ᠋ᠨ ᠰᠤᠷᠭᠠᠯ ᠢ᠋ ᠰᠠᠨᠠᠵᠤ᠂ ᠱᠠᠯᠠᠪ ᠪᠣᠰᠴᠤ ᠮᠣᠷᠢᠳ ᠤ᠋ᠨ ᠪᠠᠷᠠ ᠬᠠᠷᠠᠬᠤ ᠪᠠᠷ ᠶᠠᠪᠤᠪᠠ᠃
ᠠᠩᠴᠢᠨᠵᠠᠪ ᠵᠠᠩᠴᠤᠪ ᠬᠣᠶᠠᠷ ᠴᠠᠢ ᠣᠭᠣᠴᠢᠯᠠᠩᠬᠠᠨ ᠭᠠᠩᠰᠠ ᠨᠡᠷᠡᠵᠦ ᠲᠠᠮᠠᠬᠢ ᠪᠠᠭᠠᠭᠢᠭᠤᠯᠤᠨ ᠬᠠᠭᠤᠴᠢ ᠳᠡᠯᠭᠡᠨᠡ᠃
— ᠳᠡᠭᠦᠦ ᠮᠢᠨᠢ ᠴᠦ᠍ ᠶᠡᠬᠡ ᠬᠠᠰᠢᠷ ᠰᠠᠭᠤᠴᠢᠬᠠᠵᠠᠢ ᠠ᠋᠃ ᠴᠢ ᠤᠷᠢᠳ ᠢ᠋ᠶ᠋ᠠᠷ ᠳᠤᠤᠭᠠᠷᠤᠭᠰᠠᠨ ᠦᠭᠡᠢ ᠪᠣᠯ ᠪᠢ ᠴᠦ᠍ ᠲᠠᠨᠢᠬᠤ ᠦᠭᠡᠢ ᠪᠠᠢᠭᠰᠠᠨ ᠰᠢᠦ᠃
— ᠭᠤᠨᠠᠨ ᠪᠠᠨᠳᠢ ᠲᠠᠢ ᠠᠭᠤᠯᠵᠠᠬᠤ ᠭᠡᠳ ᠯᠠᠮᠠᠬᠦᠦ ᠠᠬᠠ ᠲᠠ ᠬᠣᠶᠠᠷ ᠢ᠋ ᠪᠣᠷᠪᠢᠳᠠᠵᠤ ᠬᠥᠭᠰᠡᠳᠡᠭ ᠬᠡᠦᠬᠡᠳ ᠨᠠᠰᠤ ᠪᠢᠰᠢ ᠪᠣᠯᠤᠭᠰᠠᠨ ᠬᠣᠢᠨᠠ ᠳᠠ!
— ᠳᠡᠭᠡᠯ ᠦᠭᠡᠢ ᠳᠡ! ᠬᠠᠰᠢᠷ ᠡᠷᠡ ᠶ᠋ᠢᠨ ᠲᠡᠮᠳᠡᠭ ᠴᠦ᠍ ᠲᠠᠨᠢᠭᠳᠠᠵᠤ ᠪᠠᠢᠨᠠ ᠰᠢᠦ᠃
— ᠵᠠᠩᠴᠤᠪ ᠠᠬᠠ᠂ ᠦᠭᠡᠢ᠂ ᠪᠠᠶᠠᠷᠲᠤ ᠠᠬᠠ ᠠ᠋᠂ ᠲᠠ ᠴᠦ᠍ ᠶᠡᠷᠦ ᠨᠢ ᠬᠤᠪᠢᠷᠠᠭᠰᠠᠨ ᠦᠭᠡᠢ᠂ ᠶᠠᠩᠵᠤ ᠪᠠᠷ ᠢ᠋ᠶ᠋ᠠᠨ ᠰᠢᠬᠠᠭᠤ ᠪᠠᠢᠨᠠ!
— ᠬᠠᠮᠢᠭᠠ ᠠ᠋ᠴᠠ ᠳᠠ! ᠥᠲᠡᠯᠴᠢᠬᠡᠵᠡᠢ! ᠭᠤᠨᠠᠨ ᠪᠠᠳᠠᠢ ᠶ᠋ᠢᠨ ᠰᠤᠷᠠᠭ ᠢ᠋ ᠬᠠᠢᠵᠤ ᠭᠤᠷᠪᠠᠨ ᠰᠥᠨᠢ ᠨᠢᠳᠦ ᠬᠠᠮᠬᠢᠬᠤ ᠦᠭᠡᠢ ᠮᠣᠷᠢᠨ ᠤ᠋ ᠨᠢᠷᠤᠭᠤᠨ ᠳᠡᠭᠡᠷᠡ ᠬᠡᠢᠰᠭᠡᠭᠦᠯᠵᠤ ᠶᠠᠪᠤᠳᠠᠭ ᠨᠠᠰᠤ ᠴᠤ᠌ ᠪᠢᠰᠢ ᠪᠣᠯᠵᠠᠢ! ᠣᠳᠣ ᠴᠦ᠍ ᠶᠡᠬᠡ ᠶᠠᠭᠤᠮᠠ ᠶ᠋ᠢ ᠪᠣᠯ ᠰᠠᠨᠠᠬᠤ ᠠ᠋ᠴᠠ ᠪᠢᠰᠢ᠂ ᠬᠢᠬᠦ ᠵᠣᠷᠢᠭ ᠳᠤᠲᠠᠭᠤ ᠪᠣᠯᠤᠭᠰᠠᠨ ᠰᠢᠦ ᠭᠡᠳ ᠶᠠᠮᠤᠨ ᠤ᠋ ᠴᠡᠷᠢᠭ ᠲᠦ᠍ ᠠᠯᠪᠠᠯᠠᠵᠤ ᠪᠠᠢᠭᠠᠳ ᠵᠠᠩᠵᠤᠨ ᠶᠠᠮᠤᠨ ᠤ᠋ ᠰᠢᠳᠠᠷ ᠴᠡᠷᠢᠭ ᠲᠦ᠍ ᠲᠠᠲᠠᠭᠳᠠᠵᠤ ᠶᠠᠪᠤᠭᠰᠠᠨ ᠲᠡᠦᠬᠡ ᠪᠡᠨ ᠡᠨᠡ ᠲᠡᠷᠡ ᠭᠡᠵᠦ ᠳᠣᠮᠣᠭ ᠰᠢᠭ᠋ ᠶᠠᠭᠤᠮᠠ ᠶᠠᠷᠢᠭᠰᠠᠨ ᠳ᠋ᠤ᠌ ᠠᠩᠴᠢᠨᠵᠠᠪ ᠴᠤ᠌ ᠰᠢᠷᠠᠪᠳᠣᠷᠵᠢ ᠬᠦᠩ ᠨᠣᠶᠠᠨ ᠤ᠋ ᠪᠠᠭᠠ ᠬᠠᠲᠤᠨ ᠢ᠋ ᠠᠪᠴᠤ ᠳᠤᠲᠠᠭᠠᠨ ᠬᠥᠮᠦᠨ ᠳ᠋ᠦ᠍ ᠮᠡᠳᠡᠭᠳᠡᠵᠦ᠂ ᠭᠠᠭᠴᠠ ᠪᠡᠶᠡ ᠪᠡᠷ ᠤᠷᠭᠤᠨ ᠭᠠᠷᠴᠤ᠂ ᠠᠭᠤᠯᠠᠨ ᠳ᠋ᠤ᠌ ᠰᠢᠷᠭᠤᠭᠰᠠᠨ ᠢ᠋ᠶ᠋ᠠᠨ ᠬᠦᠦᠷᠨᠢᠨ᠂ ᠥᠪᠡᠷ ᠦ᠋ᠨ ᠦᠵᠡᠵᠦ ᠰᠣᠨᠣᠰᠤᠭᠰᠠᠨ᠂ ᠥᠩᠭᠡᠷᠡᠭᠡᠵᠦ ᠦᠢᠯᠡᠳᠦᠭᠰᠡᠨ ᠢ᠋ᠶ᠋ᠡᠨ ᠲᠣᠭᠠᠴᠢᠨ ᠶᠠᠷᠢᠪᠠ᠃
ᠠᠩᠴᠢᠨᠵᠠᠪ ᠵᠠᠩᠴᠤᠪ ᠬᠣᠶᠠᠷ ᠤ᠋ᠨ ᠶᠠᠷᠢᠶᠠ ᠬᠥᠭᠡᠷᠦᠭᠡ ᠶᠡᠬᠡᠳᠡ ᠬᠠᠯᠠᠮᠰᠠᠵᠤ ᠪᠠᠶᠠᠷᠯᠠᠬᠤ ᠳ᠋ᠠᠭᠠᠨ ᠪᠠᠶᠠᠷᠯᠠᠵᠤ᠂ ᠤᠶᠠᠷᠠᠬᠤ ᠳ᠋ᠠᠭᠠᠨ ᠤᠶᠠᠷᠠᠨ ᠬᠡᠰᠡᠭ ᠬᠡᠰᠡᠭ ᠲᠡᠭᠡᠨ ᠬᠣᠶᠠᠷ ᠰᠠᠢᠨ ᠡᠷᠡ ᠶ᠋ᠢᠨ ᠵᠣᠪᠬᠢ ᠨᠢ ᠨᠣᠢᠲᠠᠩᠨᠠᠵᠤ᠂ ᠡᠯᠢᠭᠡ ᠨᠢ ᠡᠮᠲᠡᠷᠡᠨ ᠵᠠᠷᠢᠮ ᠳ᠋ᠠᠭᠠᠨ ᠪᠦᠷ ᠨᠢᠯᠪᠤᠰᠤ ᠤᠨᠠᠭᠠᠵᠤ ᠪᠠᠢᠯᠠ᠁
ᠦᠰᠦᠭ ᠠᠮᠢᠯᠠᠭᠤᠯᠤᠭᠰᠠᠨ ᠨᠢ᠄ ᠪᠠᠭᠠᠲᠤᠷ