ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ02Юан улсын дээд нийслэл шант ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ02Юан улсын дээд нийслэл шант

ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ02Юан улсын дээд нийслэл шант

ᠠᠩᠭᠢᠯᠠᠯ:ᠲᠡᠦᠬᠡ ᠰᠣᠶᠣᠯ
2025-03-01

1774

ᠬᠣᠶᠠᠷ ᠱᠠᠩᠳᠤ ᠶ᠋ᠢᠨ ᠭᠠᠵᠠᠷ ᠵᠦᠢ ᠶ᠋ᠢᠨ ᠪᠠᠢᠷᠢᠰᠢᠯ

    ᠶᠠᠮᠠᠷ ᠨᠢᠭᠡᠨ ᠬᠣᠲᠠ ᠪᠠᠯᠭᠠᠳ ᠢ᠋ ᠪᠠᠢᠭᠤᠯᠬᠤ ᠨᠢ ᠪᠦᠷ ᠲᠤᠬᠠᠢ ᠶ᠋ᠢᠨ ᠦᠶ᠎ᠡ ᠶ᠋ᠢᠨ ᠨᠡᠢᠭᠡᠮ ᠦ᠋ᠨ ᠤᠯᠤᠰ ᠲᠥᠷᠥ᠂ᠠᠵᠤ ᠠᠬᠤᠢ᠂ᠴᠡᠷᠢᠭ ᠲᠡᠢᠨ ᠦ᠌ ᠬᠥᠭᠵᠢᠯᠲᠡ ᠶ᠋ᠢᠨ ᠴᠢᠬᠤᠯᠠᠴᠢᠯᠠᠯ ᠠ᠋ᠴᠠ ᠪᠣᠯᠳᠠᠭ ᠶᠤᠮ᠃ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠪᠠᠯᠭᠠᠳ ᠢ᠋ ᠰᠢᠷ᠎ᠠ ᠲᠠᠯ᠎ᠠ ᠳ᠋ᠤ᠌ ᠪᠠᠢᠭᠤᠯᠤᠭᠰᠠᠨ ᠨᠢ ᠮᠣᠩᠭᠣᠯ ᠤ᠋ᠨ ᠬᠠᠭᠠᠳ᠂ ᠵᠡᠭᠦᠨᠰᠢ ᠳᠠᠢᠯᠠᠬᠤ ᠤᠯᠤᠰ ᠲᠥᠷᠥ᠂ ᠠᠵᠤ ᠠᠬᠤᠢ᠂ ᠴᠡᠷᠢᠭ ᠲᠡᠢᠨ ᠦ᠌ ᠰᠠᠭᠤᠷᠢᠨ ᠭᠠᠵᠠᠷ ᠭᠠᠷᠭᠠᠬᠤ ᠠᠯᠤᠰ ᠬᠡᠳᠦ ᠶ᠋ᠢᠨ ᠶᠡᠬᠡ ᠪᠣᠳᠣᠯᠭ᠎ᠠ ᠶ᠋ᠢᠨ ᠱᠠᠭᠠᠷᠳᠠᠯᠭ᠎ᠠ ᠠ᠋ᠴᠠ ᠪᠣᠯᠤᠭᠰᠠᠨ ᠶᠤᠮ᠃ ᠮᠥᠩᠬᠡ ᠬᠠᠭᠠᠨ ᠤ᠋ ᠲᠡᠷᠢᠭᠦᠨ ᠣᠨ ᠳ᠋ᠤ᠌ ᠮᠣᠩᠭᠣᠯ ᠤ᠋ᠨ ᠶᠡᠬᠡ ᠬᠠᠭᠠᠨ ᠮᠥᠩᠬᠡ᠂ ᠳᠡᠭᠦᠦ ᠬᠤᠪᠢᠯᠠᠢ ᠪᠠᠨ ᠵᠡᠭᠦᠨ ᠭᠠᠷ ᠤ᠋ᠨ ᠶᠡᠷᠦᠩᠬᠡᠢ ᠶᠡᠬᠡ ᠵᠠᠬᠢᠷᠤᠭᠴᠢ ᠨᠣᠶᠠᠨ ᠪᠣᠯᠭᠠᠵᠤ ᠭᠣᠪᠢ ᠶ᠋ᠢᠨ ᠡᠮᠦᠨᠡᠬᠢ ᠭᠠᠵᠠᠷ ᠪᠠ ᠤᠮᠠᠷᠠᠲᠤ ᠬᠢᠲᠠᠳ ᠢ᠋ ᠪᠠᠭᠲᠠᠭᠠᠭᠰᠠᠨ ᠥᠷᠭᠡᠨ ᠠᠭᠤᠳᠠᠮ ᠭᠠᠵᠠᠷ ᠣᠷᠣᠨ ᠢ᠋ ᠥᠭᠴᠦ ᠵᠠᠬᠢᠷᠤᠭᠤᠯᠪᠠ᠃ ᠬᠤᠪᠢᠯᠠᠢ ᠨᠡᠭᠦᠳᠡᠯ ᠣᠷᠳᠣᠨ ᠢ᠋ᠶ᠋ᠠᠨ ᠰᠢᠷ᠎ᠠ ᠲᠠᠯ᠎ᠠ ᠳ᠋ᠤ᠌ ᠪᠠᠢᠭᠤᠯᠵᠤ ᠡᠨᠡ ᠬᠦ᠌ ᠭᠣᠪᠢ ᠶ᠋ᠢᠨ ᠠᠷᠤ ᠡᠮᠦᠨ᠎ᠡ᠂ ᠬᠡᠷᠡᠮ ᠦ᠋ᠨ ᠳᠣᠲᠣᠷ᠎ᠠ ᠭᠠᠳᠠᠨᠠᠬᠢ ᠶ᠋ᠢ ᠬᠣᠯᠪᠣᠭᠰᠠᠨ ᠠᠭᠤᠯᠵᠠᠭᠤᠷ ᠪᠣᠭᠣᠮᠲᠠ ᠳᠡᠭᠡᠷ᠎ᠡ ᠪᠠᠢᠷᠢᠯᠠᠵᠠᠢ᠃ ᠤᠷᠢᠳᠤ ᠴᠢᠩᠭᠢᠰ ᠬᠠᠭᠠᠨ ᠪᠠ ᠲᠡᠭᠦᠨ ᠦ᠌ ᠶᠢᠰᠦᠨ ᠥᠷᠯᠥᠭ ᠦ᠋ᠨ ᠨᠢᠭᠡ ᠪᠣᠯᠬᠤ ᠰᠦᠪᠡᠭᠡᠳᠡᠢ ᠶᠡᠬᠡ ᠵᠠᠩᠵᠤᠨ ᠠᠯᠲᠠᠨ ᠤᠯᠤᠰ ᠢ᠋ ᠳᠠᠢᠯᠠᠬᠤ ᠳ᠋ᠤ᠌ ᠪᠠᠰᠠ ᠰᠢᠷ᠎ᠠ ᠲᠠᠯ᠎ᠠ ᠳ᠋ᠤ᠌ ᠪᠠᠢᠭ᠎ᠠ ᠬᠤᠸᠠᠨᠵᠸᠦ ᠪᠠᠯᠭᠠᠳ ᠢ᠋ ᠴᠣᠬᠢᠨ ᠠᠪᠴᠤ ᠴᠡᠷᠢᠭ ᠲᠡᠢᠨ ᠦ᠌ ᠰᠠᠭᠤᠷᠢᠨ ᠭᠠᠵᠠᠷ ᠪᠣᠯᠭᠠᠵᠤ ᠪᠠᠢᠭᠰᠠᠨ ᠪᠢᠯᠡ᠃ᠮᠥᠩᠬᠡ ᠬᠠᠭᠠᠨ ᠤ᠋ ᠵᠢᠷᠭᠤᠳᠤᠭᠠᠷ ᠣᠨ ᠳ᠋ᠤ᠌ ᠶᠡᠬᠡ ᠮᠣᠩᠭᠣᠯ ᠤᠯᠤᠰ ᠤ᠋ᠨ ᠮᠥᠩᠬᠡ ᠬᠠᠭᠠᠨ ᠪᠠᠰᠠ ᠳᠡᠭᠦᠦ ᠬᠤᠪᠢᠯᠠᠢ ᠳ᠋ᠠᠭᠠᠨ᠄《ᠬᠣᠲᠠ ᠪᠣᠰᠬᠠᠵᠤ ᠬᠤᠳᠠᠯᠳᠤᠭᠠᠨ ᠤ᠋ ᠭᠠᠵᠠᠷ ᠭᠠᠷᠭᠠᠨ ᠤᠷᠲᠤ ᠬᠠᠷᠰᠢ ᠴᠣᠭᠴᠠᠯᠠᠵᠤ ᠪᠠᠢᠭᠤᠯᠤᠭᠠᠳ ᠪᠦᠭᠦᠳᠡ ᠶ᠋ᠢᠨ ᠬᠤᠷᠠᠵᠤ ᠴᠤᠭᠯᠠᠷᠠᠬᠤ ᠭᠠᠵᠠᠷ ᠪᠣᠯᠭ᠎ᠠ》ᠭᠡᠮᠡᠨ ᠵᠠᠷᠯᠢᠭ ᠪᠠᠭᠤᠯᠭᠠᠪᠠ᠃ ᠬᠤᠪᠢᠯᠠᠢ ᠠᠬ᠎ᠠ ᠶ᠋ᠢᠨ ᠢ᠋ᠶ᠋ᠡᠨ ᠵᠠᠷᠯᠢᠭ ᠢ᠋ ᠵᠢᠷᠤᠮᠯᠠᠵᠤ ᠯᠢᠦ ᠪᠢᠩ ᠵᠦᠩ ᠢ᠋ᠶ᠋ᠡᠷ ᠭᠠᠵᠠᠷ ᠰᠣᠩᠭᠣᠭᠤᠯᠤᠨ ᠠᠯᠲᠠᠨ ᠤᠯᠤᠰ ᠤ᠋ᠨ ᠦᠶ᠎ᠡ ᠶ᠋ᠢᠨ ᠬᠤᠸᠠᠨᠵᠸᠦ ᠬᠣᠲᠠ ᠠ᠋ᠴᠠ ᠵᠡᠭᠦᠨᠰᠢ 50 ᠣᠷᠴᠢᠮ ᠭᠠᠵᠠᠷ ᠤ᠋ᠨ ᠵᠠᠢ ᠳ᠋ᠤ᠌ ᠨᠤᠲᠤᠭ ᠰᠣᠩᠭᠣᠵᠤ ᠮᠣᠩᠭᠣᠯ ᠲᠡᠦᠬᠡ ᠰᠤᠷᠪᠤᠯᠵᠢ ᠪᠢᠴᠢᠭ ᠲᠦ᠍ ᠲᠡᠮᠳᠡᠭᠯᠡᠭᠳᠡᠭᠰᠡᠨ ᠠᠯᠳᠠᠷᠲᠤ ᠰᠢᠷ᠎ᠠ ᠲᠠᠯ᠎ᠠ ᠶ᠋ᠢᠨ ᠵᠡᠭᠦᠨ ᠬᠠᠪᠢ᠂ ᠪᠠᠭ᠎ᠠ ᠬᠤᠷᠠᠬᠤ ᠶ᠋ᠢᠨ ᠠᠭᠤᠯᠠᠨ ᠤ᠋ ᠡᠮᠦᠨ᠎ᠡ ᠪᠠᠯ᠂ᠤᠤᠯ ᠤ᠋ᠨ ᠯᠤᠸᠠᠨ ᠾᠧ ᠤᠰᠤᠨ ᠤ᠋ ᠠᠷᠤ ᠳᠡᠨᠵᠢᠨ ᠳᠡᠭᠡᠷ᠎ᠡ ᠬᠣᠲᠠ ᠪᠠᠢᠭᠤᠯᠬᠤ ᠪᠠᠭᠤᠴᠠ ᠲᠠᠯᠪᠢᠪᠠ᠃ ᠪᠠᠷᠢᠯᠭ᠎ᠠ ᠶ᠋ᠢᠨ ᠠᠵᠢᠯ ᠢ᠋ ᠶᠢᠰᠤᠨᠪᠤᠬ᠎ᠠ ᠵᠠᠬᠢᠷᠤᠨ᠂ ᠢᠭ᠌ᠳᠠᠷ᠂ ᠯᠢᠦ ᠪᠢᠩ ᠵᠦᠩ ᠵᠢᠷᠤᠵᠤ ᠲᠥᠯᠥᠪᠯᠡᠨ᠂ᠵᠠ ᠢᠦᠢ ᠰᠢᠶᠠ᠂ ᠰᠢᠶᠧ ᠵᠦᠩ ᠸᠸᠨ ᠭᠠᠷᠳᠠᠨ ᠬᠠᠷᠢᠭᠤᠴᠠᠵᠠᠢ᠃ ᠲᠤᠬᠠᠢ ᠶ᠋ᠢᠨ ᠦᠶᠡᠰ ᠱᠠᠩᠳᠤ ᠪᠠᠯᠭᠠᠳ ᠨᠢ ᠴᠡᠷᠢᠭ ᠲᠡᠢᠨ ᠦ᠌ ᠪᠠᠢᠯᠳᠤᠬᠤ ᠪᠣᠳᠣᠯᠭ᠎ᠠ ᠶ᠋ᠢᠨ ᠴᠢᠬᠤᠯᠠ ᠴᠠᠢᠵᠠ᠂ ᠵᠠᠮ ᠬᠠᠷᠢᠯᠴᠠᠭᠠᠨ ᠤ᠋ ᠠᠭᠤᠯᠵᠠᠭᠤᠷ ᠪᠣᠭᠣᠮᠲᠠ ᠪᠣᠯᠵᠤ ᠪᠠᠢᠪᠠ᠃ ᠤᠮᠠᠷᠠᠰᠢ ᠶᠡᠬᠡ ᠭᠣᠪᠢ ᠶ᠋ᠢ ᠲᠤᠭᠤᠯᠤᠨ ᠮᠣᠩᠭᠣᠯ ᠤ᠋ᠨ ᠲᠥᠪ ᠨᠤᠲᠤᠭ ᠬᠠᠷᠠᠬᠣᠷᠣᠮ ᠳ᠋ᠤ᠌ ᠬᠦᠷᠬᠦ ᠬᠦᠷᠢᠶ᠎ᠡ ᠰᠢᠷ᠎ᠠ ᠵᠠᠮ ( ᠪᠠᠰᠠ ᠡᠷᠲᠡᠨ ᠦ᠌ ᠲᠡᠷᠭᠡᠨ ᠵᠠᠮ ᠭᠡᠳᠡᠭ)᠂ ᠡᠮᠦᠨᠡᠰᠢ ᠱᠠᠩᠳᠤ ᠳᠠᠢᠳᠤ ᠬᠣᠶᠠᠷ ᠨᠡᠢᠰᠯᠡᠯ ᠦ᠋ᠨ ᠬᠣᠭᠣᠷᠣᠨᠳᠣ ᠠᠶᠠᠯᠠᠬᠤ ᠳᠥᠷᠪᠡᠨ ᠵᠠᠮ — ᠬᠠᠭᠠᠨ ᠡᠵᠡᠨ ᠦ᠌ ᠶᠠᠪᠤᠬᠤ ᠰᠡᠦᠬᠡᠨ ᠵᠠᠮ; ᠨᠣᠶᠠᠳ ᠲᠦᠰᠢᠮᠡᠳ᠂ᠴᠡᠷᠢᠭ ᠦ᠋ᠨ ᠥᠷᠲᠡᠭᠡ᠂ ᠴᠢᠮᠡᠭᠡ ᠮᠡᠳᠡᠭᠡᠨ ᠦ᠌ ᠮᠣᠷᠢᠨ ᠵᠠᠮ; ᠵᠡᠭᠦᠨ ᠮᠣᠯᠲᠣᠭᠴᠢᠨ ᠤ᠋ ᠰᠦᠪᠡ ᠶ᠋ᠢᠨ ᠵᠠᠮ; ᠬᠠᠷ᠎ᠠ ᠬᠥᠨᠳᠡᠢ ᠶ᠋ᠢᠨ ᠵᠠᠮ ᠪᠣᠢ᠃ ᠪᠠᠷᠠᠭᠤᠨᠰᠢ ᠬᠤᠸᠠᠨᠵᠸᠤ᠂ ᠪᠤᠤᠴᠠᠩ ᠵᠧᠦ᠂ ᠬᠠᠷ᠎ᠠ ᠪᠠᠯᠭᠠᠰᠤ᠂ ᠴᠠᠭᠠᠨᠨᠠᠭᠤᠷ᠂ ᠰᠢᠩ ᠾᠧ ᠶ᠋ᠢ ᠳᠠᠮᠵᠢᠨ ᠬᠠᠰᠢᠨ ᠣᠷᠣᠨ ᠢ᠋ᠶ᠋ᠠᠷ ᠭᠠᠷᠴᠤ ᠮᠣᠩᠭᠣᠯ ᠤ᠋ᠨ ᠪᠠᠷᠠᠭᠤᠨ ᠬᠢᠵᠠᠭᠠᠷ ᠤ᠋ᠨ ᠴᠠᠭᠠᠲᠠᠢ᠂ ᠢᠯ ᠬᠠᠨ᠂ ᠠᠯᠲᠠᠨ ᠣᠷᠳᠣᠨ ᠬᠠᠭᠠᠨᠲᠤ ᠤᠯᠤᠰ ᠲᠤ᠌ ᠨᠡᠪᠲᠡᠷᠡᠬᠦ ᠶᠡᠬᠡ ᠥᠷᠲᠡᠭᠡ ᠵᠠᠮ᠂ ᠵᠡᠭᠦᠨᠰᠢ ᠴᠠᠭᠠᠨ ᠬᠣᠲᠠ᠂ ᠲᠤᠯᠤᠨ ᠨᠣᠤᠷ᠂ ᠳᠠ ᠨᠢᠩ᠂ ᠪᠠᠷᠰ ᠬᠣᠲᠠ( ᠢᠩ ᠴᠠᠩ ᠹᠦ) ᠶ᠋ᠢ ᠳᠠᠭᠠᠷᠢᠨ ᠮᠣᠩᠭᠣᠯ ᠤ᠋ᠨ ᠵᠡᠭᠦᠨ ᠬᠢᠵᠠᠭᠠᠷ ᠲᠤ᠌ ᠬᠦᠷᠬᠦ ᠶᠡᠬᠡ ᠥᠷᠲᠡᠭᠡ ᠵᠠᠮ ᠤ᠋ᠨ ᠠᠭᠤᠯᠵᠠᠭᠤᠷ ᠪᠣᠭᠣᠮᠲᠠ ᠭᠠᠵᠠᠷ ᠪᠣᠯᠵᠤ ᠪᠠᠢᠭᠰᠠᠨ ᠶᠤᠮ᠃
    ᠬᠤᠪᠢᠯᠠᠢ ᠮᠣᠩᠭᠣᠯ ᠤ᠋ᠨ ᠶᠡᠬᠡ ᠬᠠᠭᠠᠨ ᠣᠷᠣ ᠰᠠᠭᠤᠭᠰᠠᠨ ᠤ᠋ ᠳᠠᠷᠠᠭ᠎ᠠ ᠨᠣᠶᠠᠷᠬᠠᠯ ᠤ᠋ᠨ ᠲᠥᠪ ᠢ᠋ᠶ᠋ᠡᠨ ᠡᠨᠡ ᠬᠦ᠌ ᠪᠠᠢᠯᠳᠤᠬᠤ ᠪᠣᠳᠣᠯᠭ᠎ᠠ ᠶ᠋ᠢᠨ ᠪᠣᠭᠣᠮᠲᠠ ᠭᠠᠵᠠᠷ ᠪᠠᠢᠷᠢᠯᠠᠭᠤᠯᠪᠠ᠃ ᠵᠦᠩ ᠲᠦᠩ ᠦ᠋ᠨ ᠳᠥᠷᠪᠡᠳᠦᠭᠡᠷ ᠣᠨ ᠤ᠋ ᠲᠠᠪᠤᠳᠤᠭᠠᠷ ᠰᠠᠷ᠎ᠠ ᠳ᠋ᠤ᠌ ᠬᠡᠢᠪᠤᠩ ᠣᠷᠳᠣᠨ ᠢ᠋ ᠳᠡᠪᠰᠢᠭᠦᠯᠦᠨ ᠳᠡᠭᠡᠳᠦ ᠨᠡᠢᠰᠯᠡᠯ ᠱᠠᠩᠳᠤ ᠡᠷᠭᠦᠮᠵᠢᠯᠡᠭᠡᠳ ᠤᠮᠠᠷᠠᠲᠤ ᠨᠡᠢᠰᠯᠡᠯ ᠬᠠᠷᠠᠬᠣᠷᠣᠮ ᠢ᠋ ᠣᠷᠣᠯᠠᠭᠤᠯᠵᠠᠢ᠃ ᡁᠢ ᠶᠤᠸᠠᠨ ᠤ᠋ ᠶᠢᠰᠦᠳᠦᠭᠡᠷ ᠣᠨ(1272 ᠣᠨ) ᠳ᠋ᠤ᠌ ᠬᠤᠪᠢᠯᠠᠢ ᠬᠠᠭᠠᠨ ᠵᠠᠷᠯᠢᠭ ᠪᠠᠭᠤᠯᠭᠠᠵᠤ ᠤᠤᠯ ᠤ᠋ᠨ ᠠᠯᠲᠠᠨ ᠤᠯᠤᠰ ᠤ᠋ᠨ ᠳᠤᠮᠳᠠᠳᠤ ᠨᠡᠢᠰᠯᠡᠯ ᠵᠥᠩᠲᠦ ᠶ᠋ᠢ ᠶᠡᠬᠡ ᠨᠡᠢᠰᠯᠡᠯ ᠢ᠋ᠶ᠋ᠡᠷ ᠲᠣᠭᠲᠠᠭᠠᠨ ᠳᠠᠢᠳᠤ ᠭᠡᠮᠡᠨ ᠬᠠᠯᠠᠵᠤ ᠡᠪᠦᠯᠵᠢᠬᠦ ᠨᠡᠢᠰᠯᠡᠯ ᠪᠣᠯᠭᠠᠵᠤ᠂ ᠳᠡᠭᠡᠳᠦ ᠨᠡᠢᠰᠯᠡᠯ ᠱᠠᠩᠳᠤ ᠶ᠋ᠢ ᠵᠤᠰᠠᠬᠤ ᠨᠡᠢᠰᠯᠡᠯ᠂ ᠵᠤᠨ ᠤ᠋ ᠰᠡᠷᠢᠭᠦᠨ ᠣᠷᠳᠣᠨ ᠵᠤᠰᠠᠯᠠᠩ ᠪᠣᠯᠭᠠᠵᠤ ᠬᠣᠶᠠᠷ ᠨᠡᠢᠰᠯᠡᠯ ᠦ᠋ᠨ ᠳᠦᠷᠢᠮ ᠢ᠋ ᠵᠢᠩᠬᠢᠨᠢ ᠪᠡᠷ ᠬᠡᠷᠡᠭᠵᠢᠭᠦᠯᠦᠭᠰᠡᠨ ᠶᠤᠮ᠃ᠡᠭᠦᠨ ᠡᠴᠡ ᠬᠣᠢᠰᠢ ᠵᠢᠯ ᠪᠦᠷᠢ ᠶ᠋ᠢᠨ ᠳᠥᠷᠪᠡᠳᠦᠭᠡᠷ ᠰᠠᠷ᠎ᠠ ᠳ᠋ᠤ᠌ ᠶᠡᠬᠡ ᠶᠤᠸᠠᠨ ᠤᠯᠤᠰ ᠤ᠋ᠨ ᠬᠠᠭᠠᠳ ᠡᠵᠡᠳ ᠨᠢ ᠳᠠᠢᠳᠤ ᠪᠡᠭᠡᠵᠢᠩ ᠡᠴᠡ ᠵᠡᠭᠦᠨ ᠵᠠᠮ ᠢ᠋ᠶ᠋ᠠᠷ ᠭᠠᠷᠴᠤ18 ᠥᠷᠲᠡᠭᠡ ᠳᠠᠮᠵᠢᠨ 750 ᠭᠠᠵᠠᠷ ᠠᠶᠠᠯᠠᠨ᠂ ᠠᠪᠠ ᠬᠣᠮᠣᠷᠭ᠎ᠠ ᠬᠢᠭᠰᠡᠭᠡᠷ 20ᠭᠠᠷᠤᠢ ᠡᠳᠦᠷ ᠶᠠᠪᠤᠵᠤ ᠱᠠᠩᠳᠤ ᠬᠣᠲᠠᠨ᠎ᠡ ᠢᠷᠡᠵᠦ ᠵᠠᠰᠠᠭᠯᠠᠵᠤ ᠵᠤᠰᠠᠳᠠᠭ᠃ ᠳᠡᠭᠡᠳᠦ ᠨᠡᠢᠰᠯᠡᠯ ᠨᠤᠲᠤᠭ ᠴᠣᠬᠣᠮ ᠬᠦ᠌ ᠠᠭᠤᠯᠠ ᠤᠰᠤ ᠲᠠᠭ᠌ᠰᠢ ᠥᠨᠢᠷ ᠦᠵᠡᠰᠬᠦᠯᠡᠩ ᠣᠷᠣᠨ ᠠᠵᠢ!ᠠᠯᠠᠭ ᠴᠡᠴᠡᠭ ᠮᠢᠷᠠᠯᠵᠠᠭᠰᠠᠨ ᠰᠢᠷ᠎ᠠ ᠲᠠᠯ᠎ᠠ᠂ ᠠᠩ ᠬᠦᠷᠦᠭᠡ ᠲᠣᠭᠯᠠᠯᠳᠤᠭᠰᠠᠨ ᠬᠤᠷᠠᠬᠤ ᠠᠭᠤᠯᠠ᠂ ᠠᠷᠢᠭᠤᠨ ᠤᠰᠤ ᠤᠭᠠᠯᠵᠠᠯᠠᠭᠰᠠᠨ ᠱᠠᠩᠳᠤ ᠶ᠋ᠢᠨ ᠭᠣᠣᠯ᠂ ᠠᠭᠯᠠᠭ ᠣᠢ ᠪᠠᠭᠯᠠᠷᠠᠭᠰᠠᠨ ᠳᠠᠬᠢ ᠶ᠋ᠢᠨ ᠮᠠᠩᠬ᠎ᠠ᠂ ᠠᠭᠤᠷ ᠠᠮᠢᠰᠬᠤᠯ ᠡᠶᠡᠪᠡᠷᠭᠦᠦ᠂ ᠵᠤᠰᠠᠵᠤ ᠵᠤᠭᠠᠯᠠᠬᠤ ᠪᠠᠢᠭᠠᠯᠢ ᠶ᠋ᠢᠨ ᠰᠠᠢᠬᠠᠨ ᠴᠡᠴᠡᠷᠯᠢᠭ ᠪᠤᠶᠤ᠃ ᠮᠠᠨᠳᠤᠭᠰᠠᠨ ᠲᠥᠷᠥ ᠶ᠋ᠢᠨ ᠶᠡᠬᠡ ᠶᠤᠸᠠᠨ ᠤᠯᠤᠰ ᠤ᠋ᠨ ᠡᠵᠡᠳ ᠲᠦᠰᠢᠮᠡᠳ ᠡᠨᠳᠡ ᠢᠷᠡᠵᠦ ᠵᠤᠨ ᠤ᠋ ᠯᠦᠪᠬᠢᠮ᠎ᠡ ᠬᠠᠯᠠᠭᠤᠨ ᠢ᠋ ᠤᠭᠤᠷᠤᠨ ᠵᠤᠰᠠᠬᠤ ᠳ᠋ᠠᠭᠠᠨ ᠲᠥᠷᠥ ᠭᠦᠷᠦᠨ ᠦ᠌ ᠶᠡᠬᠡ ᠶᠠᠪᠤᠳᠠᠯ ᠢ᠋ ᠲᠥᠰᠥᠪᠯᠡᠨ ᠲᠣᠭᠲᠠᠭᠠᠵᠤ ᠰᠢᠢᠳᠪᠦᠷᠢᠯᠡᠨ ᠲᠠᠰᠤᠯᠵᠤ᠂ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠡᠯᠴᠢᠨ ᠲᠦᠰᠢᠮᠡᠯ᠂ ᠡᠷᠳᠡᠮᠲᠡᠨ ᠮᠡᠷᠭᠡᠳ᠂ ᠠᠷᠠᠯᠵᠢᠶᠠᠴᠢᠨ ᠵᠢᠭᠤᠯᠴᠢᠨ ᠢ᠋ ᠬᠦᠯᠢᠶᠡᠨ ᠠᠪᠴᠤ ᠠᠭᠤᠯᠵᠠᠨ ᠵᠣᠯᠭᠠᠵᠤ ᠤᠴᠢᠷᠯᠠᠨ ᠵᠥᠪᠯᠡᠯᠴᠡᠵᠦ᠂ᠤᠬᠠᠭᠠᠨ ᠰᠠᠨᠠᠭ᠎ᠠ ᠪᠠᠨ ᠰᠣᠯᠢᠯᠴᠠᠵᠤ ᠪᠠᠢᠳᠠᠭ ᠰᠠᠨ᠃ ᠲᠡᠭᠡᠭᠡᠳ ᠨᠠᠮᠤᠷ ᠤ᠋ᠨ ᠰᠡᠷᠢᠭᠦᠨ ᠣᠷᠣᠭᠰᠠᠨ ᠨᠠᠢ᠍ᠮᠠ ᠶᠢᠰᠦᠳᠦᠭᠡᠷ ᠰᠠᠷ᠎ᠠ ᠳ᠋ᠤ᠌ ᠪᠠᠷᠠᠭᠤᠨ ᠵᠠᠮ ᠢ᠋ᠶ᠋ᠠᠷ ᠪᠤᠴᠠᠵᠤ ᠠᠯᠲᠠᠨ ᠨᠠᠮᠤᠷ ᠤ᠋ᠨ ᠥᠩᠭᠡ ᠦᠵᠡᠮᠵᠢ᠂ ᠠᠮᠤ ᠲᠠᠷᠢᠶᠠᠨ ᠤ᠋ ᠤᠨᠠᠯᠲᠠ ᠭᠠᠷᠤᠯᠲᠠ ᠶ᠋ᠢ ᠪᠠᠢᠴᠠᠭᠠᠨ ᠲᠣᠭᠣᠷᠢᠭᠰᠠᠭᠠᠷ1000 ᠭᠠᠷᠤᠢ ᠭᠠᠵᠠᠷ ᠠᠶᠠᠯᠠᠨ ᠰᠠᠷ᠎ᠠ ᠢᠯᠡᠭᠦᠦ ᠶᠠᠪᠤᠵᠤ ᠳᠠᠢᠳᠤ ᠬᠣᠲᠠ ᠬᠠᠨ ᠪᠠᠯᠭᠠᠳ ᠲᠠᠭᠠᠨ ᠬᠦᠷᠳᠡᠭ ᠪᠠᠢᠪᠠ᠃ ᠬᠠᠭᠠᠨ ᠡᠵᠡᠨ ᠢ᠋ ᠶᠡᠬᠡ ᠨᠡᠢᠰᠯᠡᠯ ᠳᠠᠢᠳᠤ ᠳ᠋ᠠᠭᠠᠨ ᠪᠤᠴᠠᠭᠰᠠᠨ ᠤ᠋ ᠳᠠᠷᠠᠭ᠎ᠠ ᠨᠢᠭᠡ ᠪᠦᠯᠦᠭ ᠠᠯᠪᠠᠨ ᠲᠤᠰᠢᠶᠠᠯᠲᠠᠳ ᠨᠢ ᠲᠣᠭᠲᠠᠭᠠᠯ ᠶᠣᠰᠣᠭᠠᠷ ᠱᠠᠩᠳᠤ ᠪᠠᠯᠭᠠᠳ ᠲᠤ᠌ ᠦᠯᠡᠳᠡᠨ ᠰᠠᠬᠢᠵᠤ᠂ ᠦᠷᠭᠦᠯᠵᠢᠯᠡᠨ ᠬᠠᠭᠠᠨ ᠣᠷᠳᠣᠨ ᠤ᠋ ᠡᠯ᠎ᠡ ᠲᠠᠯ᠎ᠠ ᠶ᠋ᠢᠨ ᠠᠯᠪᠠ ᠶ᠋ᠢ ᠭᠦᠢᠴᠡᠳᠬᠡᠳᠡᠭ ᠲᠤᠯᠠ ᠶᠤᠸᠠᠨ ᠤᠯᠤᠰ ᠤ᠋ᠨ ᠬᠠᠭᠠᠳ ᠪᠠ ᠣᠷᠳᠣᠨ ᠤ᠋ ᠢᠲᠡᠭᠡᠯ ᠬᠦᠨᠳᠦᠳᠬᠡᠯ ᠢ᠋ ᠶᠡᠬᠡᠳᠡ ᠣᠯᠳᠠᠭ ᠪᠠᠢᠵᠠᠢ᠃
    ᠵᠦᠩ ᠲᠦᠩ ᠦ᠋ᠨ ᠳᠥᠷᠪᠡᠳᠦᠭᠡᠷ ᠣᠨ ᠳ᠋ᠤ᠌ ᠱᠠᠩᠳᠤ ᠴᠥᠯᠭᠡ ᠶ᠋ᠢᠨ ᠶᠡᠷᠦᠩᠬᠡᠢ ᠵᠠᠬᠢᠷᠤᠭᠴᠢ ᠶ᠋ᠢᠨ ᠣᠷᠳᠣᠨ ᠢ᠋ ᠪᠠᠢᠭᠤᠯᠵᠤ᠂ ᠳᠡᠭᠡᠳᠦ ᠨᠡᠢᠰᠯᠡᠯ ᠦ᠋ᠨ ᠵᠠᠰᠠᠭ ᠵᠠᠬᠢᠷᠭᠠᠨ ᠤ᠋ ᠶᠠᠪᠤᠳᠠᠯ ᠢ᠋ ᠶᠡᠷᠦᠩᠬᠡᠢᠯᠡᠨ ᠵᠠᠬᠢᠷᠪᠠ᠃ ᡁᠢ ᠶᠤᠸᠠᠨ ᠤ᠋ ᠭᠤᠷᠪᠠᠳᠤᠭᠠᠷ ᠣᠨ(1266 ᠣᠨ) ᠤ᠋ ᠭᠤᠷᠪᠠᠳᠤᠭᠠᠷ ᠰᠠᠷ᠎ᠠ ᠠ᠋ᠴᠠ ᠱᠠᠩᠳᠤ ᠨᠡᠢᠰᠯᠡᠯ ᠦ᠋ᠨ ᠦᠯᠡᠳᠡᠨ ᠰᠠᠬᠢᠬᠤ ᠲᠦᠰᠢᠮᠡᠯ ᠦ᠋ᠨ ᠲᠤᠰᠢᠶᠠᠯ ᠢ᠋ ᠶᠡᠷᠦᠩᠬᠡᠢ ᠵᠠᠬᠢᠷᠤᠭᠴᠢ ᠨᠣᠶᠠᠨ ᠭᠦᠢᠴᠡᠳᠬᠡᠵᠦ ᠪᠠᠢᠭᠰᠠᠨ ᠪᠥᠭᠡᠳ ᡁᠢ ᠶᠤᠸᠠᠨ ᠤ᠋ ᠠᠷᠪᠠᠨ ᠨᠠᠢ᠍ᠮᠠᠳᠤᠭᠠᠷ ᠣᠨ ᠤ᠋ ᠬᠣᠶᠠᠳᠤᠭᠠᠷ ᠰᠠᠷ᠎ᠠ ᠳ᠋ᠤ᠌ ᠳᠡᠭᠡᠳᠦ ᠨᠡᠢᠰᠯᠡᠯ ᠦ᠋ᠨ ᠦᠯᠡᠳᠡᠨ ᠰᠠᠬᠢᠬᠤ ᠬᠡᠯᠲᠡᠰ ᠢ᠋ ᠵᠢᠩᠬᠢᠨᠢ ᠪᠡᠷ ᠪᠠᠢᠭᠤᠯᠵᠤ ᠬᠣᠵᠢᠮ ᠨᠢ ᠶᠡᠷᠦᠩᠬᠡᠢ ᠵᠠᠬᠢᠷᠤᠭᠴᠢ ᠶ᠋ᠢᠨ ᠣᠷᠳᠣᠨ ᠪᠠ ᠦᠯᠡᠳᠡᠨ ᠰᠠᠬᠢᠬᠤ ᠬᠡᠯᠲᠡᠰ ᠢ᠋ ᠨᠡᠢᠯᠡᠭᠦᠯᠦᠨ ᠨᠢᠭᠡᠳᠬᠡᠵᠦ ᠠᠯᠪᠠᠨ ᠬᠡᠷᠡᠭ ᠶᠠᠪᠤᠳᠠᠯ ᠢ᠋ ᠰᠢᠢᠳᠬᠡᠵᠦ ᠪᠠᠢᠪᠠ᠃ ᠲᠤᠬᠠᠢ ᠶ᠋ᠢᠨ ᠦᠶᠡᠰ ᠶᠡᠷᠦᠩᠬᠡᠢ ᠵᠠᠬᠢᠷᠤᠭᠴᠢ ᠶ᠋ᠢᠨ ᠣᠷᠳᠣᠨ ᠤ᠋ ᠳᠣᠣᠷ᠎ᠠ ᠲᠥᠪᠯᠡᠨ ᠵᠠᠰᠠᠬᠤ᠂ᠠᠷᠠᠳ ᠢ᠋ ᠢᠪᠡᠭᠡᠬᠦ᠂ ᠴᠡᠷᠢᠭ ᠦ᠋ᠨ ᠶᠠᠪᠤᠳᠠᠯ᠂ ᠦᠢᠯᠡᠳᠬᠡᠯ᠂ ᠰᠠᠩ ᠬᠥᠮᠥᠷᠭᠡ ᠵᠡᠷᠭᠡ ᠶ᠋ᠢᠨ ᠭᠤᠴᠢᠭᠠᠳ ᠶᠠᠮᠤᠨ᠂ ᠬᠡᠯᠲᠡᠰ᠂ ᠲᠣᠪᠴᠢᠶ᠎ᠠ ᠪᠠᠢᠵᠤ ᠬᠠᠭᠠᠨ ᠡᠵᠡᠨ ᠪᠠ ᠣᠯᠠᠨ ᠲᠦᠰᠢᠮᠡᠳ ᠦ᠋ᠨ ᠳᠡᠭᠡᠳᠦ ᠨᠡᠢᠰᠯᠡᠯ ᠱᠠᠩᠳᠤ ᠳ᠋ᠤ᠌ ᠵᠤᠰᠠᠬᠤ ᠬᠤᠭᠤᠴᠠᠭᠠᠨ ᠳ᠋ᠠᠬᠢ ᠮᠣᠩᠭᠣᠯ ᠤ᠋ᠨ ᠲᠠᠢᠵᠢ ᠢᠵᠠᠭᠤᠷᠲᠠᠨ᠂ ᠣᠯᠠᠨ ᠸᠠᠩ ᠬᠦᠩ ᠢ᠋ ᠴᠤᠭᠯᠠᠷᠠᠭᠤᠯᠤᠨ ᠬᠤᠷᠠᠯᠲᠠᠢ ᠬᠤᠷᠠᠬᠤ᠂ ᠳᠣᠲᠣᠭᠠᠳᠤ ᠭᠠᠳᠠᠭᠠᠳᠤ ᠶ᠋ᠢᠨ ᠡᠯᠴᠢ ᠲᠦᠰᠢᠮᠡᠯ ᠦ᠋ᠨ ᠪᠠᠷᠠᠯᠠᠵᠤ ᠵᠣᠯᠭᠠᠬᠤ ᠶ᠋ᠢ ᠲᠣᠬᠢᠷᠠᠭᠤᠯᠬᠤ᠂ ᠲᠠᠬᠢᠯ ᠳᠠᠢᠯᠭ᠎ᠠ ᠡᠷᠭᠦᠬᠦ ᠤᠯᠠᠮᠵᠢᠯᠠᠯᠲᠤ ᠶᠣᠰᠣᠯᠠᠯ ᠢ᠋ ᠭᠦᠢᠴᠡᠳᠬᠡᠬᠦ᠂ ᠠᠪᠠ ᠬᠣᠮᠣᠷᠭ᠎ᠠ ᠲᠠᠯᠪᠢᠬᠤ ᠵᠡᠷᠭᠡ ᠵᠠᠰᠠᠭᠯᠠᠬᠤ᠂ ᠠᠮᠠᠷᠠᠬᠤ᠂ ᠨᠠᠢᠷ ᠬᠤᠷᠢᠮ ᠳ᠋ᠤ᠌ ᠰᠢᠭᠤᠳ ᠦᠢᠯᠡᠴᠢᠯᠡᠵᠦ ᠪᠠᠢᠭᠰᠠᠨ ᠶᠤᠮ᠃ ᠡᠭᠦᠨ ᠡᠴᠡ ᠲᠤᠬᠠᠢ ᠶ᠋ᠢᠨ ᠦᠶ᠎ᠡ ᠶ᠋ᠢᠨ ᠱᠠᠩᠳᠤ ᠨᠡᠢᠰᠯᠡᠯ ᠨᠢ ᠵᠥᠪᠬᠡᠨ ᠮᠣᠩᠭᠣᠯ ᠬᠠᠭᠠᠳ ᠤ᠋ᠨ ᠬᠠᠯᠠᠭᠤᠨ ᠠ᠋ᠴᠠ ᠵᠠᠢᠯᠠᠵᠤ ᠰᠠᠭᠤᠭᠰᠠᠨ ᠵᠤᠰᠠᠯᠠᠩ ᠤ᠋ᠨ ᠯᠠ ᠣᠷᠳᠣᠨ ᠪᠤᠰᠤ ᠬᠠᠷᠢᠨ ᠶᠡᠬᠡ ᠶᠤᠸᠠᠨ ᠤᠯᠤᠰ ᠤ᠋ᠨ ᠤᠯᠤᠰ ᠲᠥᠷᠥ᠂ ᠠᠵᠤ ᠠᠬᠤᠢ᠂ ᠴᠡᠷᠢᠭ ᠲᠡᠢᠨ ᠦ᠌ ᠬᠥᠲᠥᠯᠪᠦᠷᠢ ᠶ᠋ᠢᠨ ᠴᠢᠬᠤᠯᠠ ᠲᠥᠪ ᠦ᠋ᠨ ᠨᠢᠭᠡ᠂ ᠮᠣᠩᠭᠣᠯ ᠲᠤᠭᠤᠷᠭᠠᠲᠠᠨ ᠤ᠋ ᠵᠢᠷᠦᠬᠡ ᠪᠣᠯᠤᠨ ᠴᠣᠬᠢᠯᠠᠵᠤ ᠪᠠᠢᠭᠰᠠᠨ ᠢ᠋ ᠲᠣᠳᠣᠷᠬᠠᠢ ᠣᠯᠵᠤ ᠬᠠᠷᠠᠬᠤ ᠠᠵᠢ᠃