ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠬᠣᠶᠠᠷ Үүрийн туяа III – Б ᠂ Ренчин Гуравдугаар дэвтэр "Баялдаж олсон эх орон"-2
ᠬᠣᠶᠠᠷ᠂ ᠢ ᠡᠪᠦᠭᠡᠨ ᠦ᠌ ᠳ᠋ᠦ᠍
ᠰᠠᠭᠠᠬᠠᠯᠲᠠ ᠬᠥᠮᠦᠨ ᠦ᠌ ᠰᠠᠨᠠᠭ᠎ᠠ ᠨᠢᠭᠡ᠂
ᠠᠢᠯ ᠬᠥᠮᠦᠨ ᠦ᠌ ᠠᠮᠢ ᠨᠢᠭᠡ᠃
ᠠᠷᠠᠳ ᠤ᠋ᠨ ᠵᠦᠢᠷ ᠦᠭᠡ
— ᠮᠠᠨᠠᠢᠬᠢᠨ(ᠮᠠᠨ ᠤ᠋ ᠬᠢᠨ) ᠢᠷᠡᠪᠡᠦ( ᠢᠷᠡᠪᠡ ᠤᠤ) ᠳᠠ? ᠭᠡᠳ ᠨᠡᠬᠡᠢᠲᠦ᠂ ᠴᠣᠩᠬᠣᠨ ᠳᠣᠣᠷᠠᠬᠢ ᠥᠷᠭᠡᠨ ᠪᠠᠨᠲᠠᠩ ᠳᠡᠭᠡᠷ᠎ᠡ ᠡᠴᠡ ᠪᠣᠰᠴᠤ᠂ ᠮᠣᠳᠣᠨ ᠬᠥᠯ ᠢ᠋ᠶ᠋ᠡᠷ ᠢ᠋ᠶ᠋ᠡᠨ ᠲᠠᠷ ᠲᠦᠷ ᠭᠢᠰᠬᠢᠭᠰᠡᠭᠡᠷ ᠲᠣᠭᠣᠭᠠᠨ ᠤ᠋ ᠪᠠᠢᠰᠢᠩ ᠳ᠋ᠤ᠌ ᠣᠷᠣᠵᠠᠢ᠃ ᠮᠡᠷᠢ᠂ ᠦᠰᠦᠲᠡᠢ ᠣᠭᠣᠲᠣᠷ ᠳᠡᠭᠡᠯ(ᠳᠡᠪᠡᠯ) ᠢ᠋ᠶ᠋ᠡᠨ ᠶᠠᠪᠤᠭᠤᠲᠠ ᠡᠮᠦᠰᠴᠦ᠂ ᠨᠥᠬᠥᠷ ᠡᠴᠡ ᠪᠡᠨ ᠤᠷᠢᠲᠠᠵᠤ ᠶᠠᠭᠠᠷᠠᠨ᠂ ᠵᠣᠴᠢᠨ ᠢ᠋ ᠤᠭᠲᠤᠷ᠎ᠠ ᠭᠠᠳᠠᠭ᠎ᠠ ᠭᠠᠷᠴᠤ ᠬᠠᠰᠢᠶᠠᠨ ᠤ᠋ ᠬᠠᠭᠠᠯᠭᠠᠨ ᠤ᠋ ᠬᠥᠨᠳᠡᠯᠡᠨ ᠱᠤᠷᠠᠭ ᠢ᠋ ᠰᠤᠭᠤᠯᠵᠤ᠂ ᠬᠠᠰᠢᠶᠠᠨ ᠳ᠋ᠤ᠌ ᠣᠷᠣᠬᠤ ᠵᠠᠮ ᠨᠡᠭᠡᠭᠡᠬᠦ ᠭᠡᠵᠦ ᠶᠠᠭᠠᠷᠠᠨ ᠭᠦᠶᠦᠯ᠎ᠡ᠃ ᠭᠤᠷᠪᠠᠨ ᠮᠣᠷᠢ ᠣᠷᠣᠭᠤᠯᠤᠭᠰᠠᠨ ᠥᠷᠭᠡᠨ ᠴᠢᠷᠭ᠎ᠠ ᠬᠠᠰᠢᠶᠠᠨ ᠳ᠋ᠤ᠌ ᠣᠷᠣᠵᠤ ᠢᠷᠡᠭᠡᠳ ᠪᠠᠢᠰᠢᠩ ᠤ᠋ᠨ ᠡᠭᠦᠳᠡᠨ ᠲᠤᠰ ᠬᠦᠷᠦᠮᠡᠭᠴᠡ᠂ ᠤᠷᠢᠳᠤ ᠨᠢ ᠰᠠᠭᠤᠭᠰᠠᠨ ᠢᠸᠠᠨ ᠡᠪᠦᠭᠡᠨ ᠪᠠᠲᠤᠪᠠᠶᠠᠷ ᠬᠣᠶᠠᠷ ᠪᠠᠭᠤᠵᠤ᠂ ᠢᠸᠠᠨ ᠡᠪᠦᠭᠡᠨ᠂ ᠴᠢᠷᠭᠠᠨ ᠤ᠋ ᠪᠦᠬᠡᠭᠡᠭ ᠢ᠋ ᠪᠢᠲᠡᠭᠦᠯᠡᠭᠰᠡᠨ ᠬᠥᠰᠢᠭᠡ ᠶ᠋ᠢ ᠨᠢ ᠰᠡᠬᠦᠵᠦ᠂ ᠨᠠᠰᠤᠨᠪᠠᠲᠤ ᠶ᠋ᠢ ᠴᠢᠷᠭᠠᠨ ᠳᠣᠲᠣᠷ᠎ᠠ ᠠ᠋ᠴᠠ ᠭᠠᠷᠬᠤ ᠳ᠋ᠤᠨᠢ(ᠳ᠋ᠤ᠌ ᠨᠢ) ᠲᠡᠳᠡᠨ ᠳᠡᠮᠵᠢᠵᠦ ᠥᠭᠪᠡ᠃ ᠪᠠᠲᠤᠪᠠᠶᠠᠷ᠂ ᠵᠠᠩ ᠱᠢ ᠲᠡᠢ ᠡᠯᠪᠡᠵᠦ ᠬᠠᠷ᠎ᠠ ᠨᠣᠬᠠᠢ ᠳᠠᠬᠤ ᠰᠡᠬᠦᠵᠦ᠂ ᠵᠠᠮ ᠳ᠋ᠤ᠌ ᠨᠣᠢᠷ ᠨᠢ ᠬᠦᠷᠴᠦ ᠤᠨᠲᠠᠴᠢᠬᠠᠭᠰᠠᠨ ᠬᠣᠶᠠᠷ ᠠᠴᠢ ᠨᠠᠷ ᠢ᠋ᠶ᠋ᠠᠨ ᠰᠡᠷᠢᠭᠡᠪᠡ᠃
— ᠦ᠂ ᠨᠠᠰᠤᠨᠪᠠᠲᠤ ᠶᠠᠭᠠᠬᠢᠭᠰᠠᠨ ᠲᠠᠨᠢᠰᠢ ᠦᠭᠡᠢ ᠲᠠᠩᠬᠠᠢᠭᠰᠠᠨ ᠲᠣᠮᠣ ᠬᠥᠮᠦᠨ ᠪᠣᠯᠴᠢᠬ᠎ᠠ ᠪᠣᠢ᠂ ᠴᠢ ᠮᠢᠨᠢ! ᠭᠡᠵᠦ ᠭᠠᠢᠬᠠᠨ᠂ ᠵᠠ ᠰᠠᠢᠨ ᠶᠠᠪᠤᠵᠤ ᠢᠷᠡᠪᠡᠦ( ᠢᠷᠡᠪᠡ ᠤᠤ)᠂ ᠬᠡᠦᠬᠡ! ᠵᠠᠮ ᠳ᠋ᠠᠭᠠᠨ ᠳᠠᠭᠠᠷᠠᠪᠠᠤ ᠳᠠ? ᠪᠤᠰᠢᠭᠤᠬᠠᠨ ᠳᠤᠯᠠᠭᠠᠨ ᠪᠠᠢᠰᠢᠩ ᠳ᠋ᠤ᠌ ᠣᠷᠣᠵᠤ ᠳᠤᠯᠠᠭᠠᠴᠠ ᠭᠡᠵᠦ ᠢᠸᠠᠨ ᠡᠪᠦᠭᠡᠨ ᠦ᠌ ᠠᠪᠠᠭᠠᠢ ᠫᠧᠳ᠋ᠷᠤᠸᠨᠠ ᠡᠮᠡᠭᠡᠨ᠂ ᠵᠣᠴᠢᠨ ᠢ᠋ ᠲᠣᠰᠣᠨ ᠭᠠᠷᠴᠤ᠂ ᠰᠡᠩᠳᠡ ᠮᠡᠩᠳᠡ ᠦᠨᠡᠨ ᠰᠡᠳᠬᠢᠯ ᠡᠴᠡ ᠪᠠᠶᠠᠷᠯᠠᠨ ᠤᠭᠲᠤᠪᠠ᠃
ᠡᠪᠦᠭᠡᠨ ᠢᠸᠠᠨ ᠤ᠋ ᠪᠡᠷᠢ ᠮᠡᠷᠢ ᠬᠠᠯᠠᠭᠤᠨ ᠲᠣᠭᠣᠭᠠᠨ ᠳ᠋ᠤ᠌ ᠴᠠᠢ ᠶ᠋ᠢᠨ ᠤᠰᠤ ᠪᠤᠴᠠᠯᠭᠠᠬᠤ ᠭᠡᠵᠦ ᠵᠣᠴᠢᠳ ᠢ᠋ᠶ᠋ᠠᠨ ᠬᠦᠨᠳᠦᠯᠡᠬᠦ ᠶᠠᠭᠤᠮ᠎ᠠ ᠪᠡᠯᠡᠳᠬᠦ ᠵᠠᠪᠰᠠᠷ᠂ ᠫᠧᠳ᠋ᠷᠤᠸᠨᠠ ᠡᠮᠡᠭᠡᠨ ᠬᠣᠢᠮᠣᠷ ᠥᠷᠥᠭᠡᠨ ᠳ᠋ᠡᠭᠡᠨ ᠰᠢᠷᠡᠭᠡ ᠪᠡᠨ ᠰᠢᠨ᠎ᠡ ᠴᠡᠪᠡᠷ ᠪᠦᠲᠡᠭᠡᠯᠭᠡ ᠪᠡᠷ ᠪᠦᠲᠡᠭᠡᠵᠦ᠂ ᠵᠠᠮ ᠳ᠋ᠠᠭᠠᠨ ᠬᠦᠢᠲᠡᠨ ᠳ᠋ᠦ᠍ ᠬᠠᠴᠠᠷ ᠤᠯᠠᠭᠠᠨ ᠪᠣᠯᠤᠭᠰᠠᠨ ᠵᠠᠩ ᠱᠢ ᠶ᠋ᠢ ᠬᠠᠷᠠᠨ ᠬᠠᠷᠠᠨ᠂
— ᠬᠡᠦᠬᠡ᠂ ᠴᠢᠨᠦ ᠵᠢᠰᠦ ᠴᠢᠷᠠᠢ ᠶ᠋ᠢ ᠬᠠᠷᠠᠪᠠᠯ ᠡᠴᠢᠭᠡ ᠲᠡᠢ ᠪᠡᠨ ᠶᠡᠬᠡᠯ᠎ᠡ ᠲᠥᠰᠲᠡᠢ ᠶᠣᠮ᠎ᠠ ᠴᠢ᠃ ᠡᠴᠢᠭᠡ ᠴᠢᠨᠢ ᠮᠠᠨᠠᠢ(ᠮᠠᠨ ᠤ᠋) ᠡᠪᠦᠭᠡᠨ ᠦ᠌ ᠶᠡᠬᠡ ᠳᠣᠲᠣᠨᠣ ᠶ᠋ᠢᠨ ᠰᠠᠢᠨ ᠨᠠᠢᠵᠠ ᠨᠥᠬᠥᠷ ᠨᠢ ᠰᠢᠦ ᠳᠡ᠃ ᠪᠠᠢᠵᠠ᠂ ᠨᠠᠳᠠᠳᠤ ᠴᠢᠨᠦ ᠠᠪᠤ ᠶ᠋ᠢᠨ ᠬᠢᠵᠦ ᠥᠭᠭᠦᠭᠰᠡᠨ ᠬᠥᠭᠡᠷᠦᠬᠦᠨ ᠬᠠᠭᠤᠷᠴᠠᠭ ᠰᠠᠪᠠ ᠪᠣᠢ ᠭᠡᠳ ᠶᠠᠭᠤᠮ᠎ᠠ ᠶᠠᠷᠢᠬᠤ ᠳᠤᠷ᠎ᠠ ᠲᠠᠢ᠂ ᠰᠠᠢᠬᠠᠨ ᠵᠠᠩ ᠠᠭᠠᠯᠢ ᠲᠠᠢ ᠲᠡᠷᠡ ᠡᠮᠡᠭᠡᠨ ᠲᠣᠮᠣ ᠲᠦᠯᠬᠢᠭᠦᠷ ᠪᠠᠷᠢᠵᠤ᠂ ᠬᠠᠭᠤᠴᠢᠨ ᠣᠷᠣᠰ ᠤᠷᠠᠴᠤᠳ ᠤ᠋ᠨ ᠬᠢᠴᠡ ᠲᠡᠢ ᠠᠪᠳᠠᠷ᠎ᠠ ᠨᠡᠭᠡᠭᠡᠨ ᠲᠦᠯᠬᠢᠵᠦ᠂ ᠰᠠᠢᠬᠠᠨ ᠦᠨᠦᠷ ᠬᠠᠩᠬᠤᠯᠤᠭᠰᠠᠨ ᠭᠠᠪᠤᠷᠠ(ᠭᠠᠪᠤᠷ) ᠮᠣᠳᠣᠨ ᠰᠡᠢᠯᠦᠮᠡᠯ ᠮᠠᠰᠢ ᠬᠥᠭᠡᠷᠦᠬᠦᠨ ᠬᠢᠴᠡ ᠲᠡᠢ ᠪᠢᠴᠢᠬᠠᠨ ᠬᠠᠭᠤᠷᠴᠠᠭ ᠰᠠᠪᠠ ᠭᠠᠷᠭᠠᠵᠤ᠂ ᠵᠠᠩ ᠱᠢ ᠳ᠋ᠦ᠍ ᠦᠵᠡᠭᠦᠯᠬᠦ ᠳ᠋ᠡᠭᠡᠨ᠂
— ᠵᠠ᠂ ᠡᠨᠡ ᠳᠡ᠃ ᠡᠪᠦᠭᠡᠨ ᠠᠪᠤ ᠴᠢᠨᠢ ᠨᠤᠲᠤᠭ ᠲᠤ᠌ ᠪᠠᠨ ᠪᠤᠴᠠᠬᠤ ᠶ᠋ᠢᠨ ᠤᠷᠢᠳᠠ(ᠤᠷᠢᠳ)᠂ ᠨᠠᠳᠠᠳᠤ (ᠨᠠᠳᠠ ᠳ᠋ᠤ᠌) ᠳᠤᠷᠠᠰᠬᠠᠯ ᠦᠯᠡᠳᠡᠭᠡᠨ᠎ᠡ ᠭᠡᠵᠦ ᠤᠷᠠᠨ ᠭᠠᠷ ᠢ᠋ᠶ᠋ᠠᠨ ᠭᠠᠷᠭᠠᠵᠤ ᠬᠢᠵᠦ ᠥᠭᠭᠦᠭᠰᠡᠨ ᠪᠢᠯᠡ᠃ ᠮᠣᠳᠣ ᠨᠢ ᠶᠡᠬᠡ ᠰᠠᠢᠬᠠᠨ ᠦᠨᠦᠷ ᠲᠡᠢ᠂ ᠮᠠᠨᠠᠢ (ᠮᠠᠨ ᠤ᠋) ᠡᠨᠳᠡ ᠪᠠᠢᠳᠠᠭ ᠦᠭᠡᠢ ᠮᠣᠳᠣ᠃ ᠤᠩᠭᠠᠰᠤ ᠮᠢᠨᠳᠠᠰᠤᠨ ᠶᠠᠭᠤᠮ᠎ᠠ ᠶ᠋ᠢ ᠲᠠᠰᠤ ᠬᠡᠪᠢᠵᠦ ᠢᠳᠡᠳᠡᠭ ᠬᠦᠢᠷ (ᠬᠦᠷᠢ) ᠭᠡᠳᠡᠭ ᠬᠣᠷᠣᠬᠠᠢ᠂ ᠡᠨᠡ ᠮᠣᠳᠣᠨ ᠤ᠋ ᠦᠨᠦᠷ ᠡᠴᠡ ᠠᠶᠤᠵᠤ ᠶᠡᠷᠦ ᠬᠠᠯᠳᠠᠳᠠᠭ ᠦᠭᠡᠢ ᠶᠦᠮ ᠪᠢᠯᠡ ᠭᠡᠵᠦ ᠦᠵᠡᠭᠦᠯᠪᠡ᠃
ᠡᠴᠢᠭᠡ ᠶ᠋ᠢᠨ ᠤᠷᠢᠳᠤ ᠳᠠᠷᠬᠠᠨ ᠭᠠᠷ ᠢ᠋ᠶ᠋ᠠᠨ ᠭᠠᠷᠭᠠᠵᠤ ᠪᠦᠲᠦᠭᠡᠭᠰᠡᠨ ᠲᠡᠷᠡ ᠰᠡᠢᠯᠦᠮᠡᠯ ᠰᠠᠢᠬᠠᠨ ᠬᠠᠭᠤᠷᠴᠠᠭ ᠢ᠋ ᠭᠠᠷ ᠲᠠᠭᠠᠨ ᠪᠠᠷᠢᠬᠤ ᠳ᠋ᠤ᠌ ᠵᠠᠩ ᠱᠢ ᠳ᠋ᠦ᠍ ᠶᠡᠬᠡᠯ᠎ᠡ (ᠶᠡᠬᠡ ᠯᠡ) ᠰᠣᠨᠢᠨ ᠰᠠᠢᠬᠠᠨ ᠰᠢᠭ᠋ ᠰᠠᠨᠠᠭᠳᠠᠵᠤ᠂ ᠭᠠᠪᠤᠷᠠ(ᠭᠠᠪᠤᠷ) ᠮᠣᠳᠣᠨ ᠤ᠋ ᠰᠡᠷᠢᠭᠦᠨ ᠰᠠᠢᠬᠠᠨ ᠦᠨᠦᠷ ᠬᠠᠩᠬᠤᠯᠬᠤ ᠳ᠋ᠤ᠌᠂ ᠠᠯᠤᠰ ᠬᠣᠯᠠ ᠳᠣᠲᠣᠷ ᠭᠠᠵᠠᠷ᠂ ᠠᠪᠤ ᠶ᠋ᠢᠨ ᠨᠠᠷᠢᠨ ᠳᠠᠷᠬ᠎ᠠ ᠬᠢᠳᠡᠭ ᠪᠠᠢᠰᠢᠩ ᠨᠢ ᠰᠠᠨᠠᠭᠳᠠᠵᠤ᠂ ᠡᠨᠡ ᠰᠠᠢᠬᠠᠨ ᠵᠠᠩ ᠲᠠᠢ ᠣᠷᠣᠰ ᠠᠪᠠᠭᠠᠢ ᠶ᠋ᠢᠨ ᠡᠭᠡᠭᠡ ᠨᠢᠭᠡᠨ ᠠᠳᠠᠯᠢ ᠬᠥᠩᠭᠡᠨ ᠬᠥᠯ ᠲᠡᠢ᠂ ᠰᠠᠢᠬᠠᠨ ᠰᠡᠳᠬᠢᠯ ᠲᠡᠢ ᠡᠮᠡᠭᠡᠨ ᠡᠬᠡ ᠨᠢ ᠰᠠᠨᠠᠭᠠᠨ ᠳ᠋ᠤ᠌ ᠨᠢ ᠥᠪᠡᠷ ᠦ᠋ᠨ ᠡᠷᠬᠡ ᠦᠭᠡᠢ ᠣᠷᠣᠵᠤ᠂ ᠲᠡᠷᠡ ᠰᠡᠢᠯᠦᠮᠡᠯ ᠬᠠᠭᠤᠷᠴᠠᠭ ᠢ᠋ ᠠᠶᠠᠷᠬᠠᠨ ᠭᠡᠭᠴᠢ ᠪᠡᠷ ᠰᠢᠷᠡᠭᠡᠨ ᠳᠡᠭᠡᠷ᠎ᠡ ᠲᠠᠯᠪᠢᠭᠠᠳ᠂ ᠪᠠᠨᠲᠠᠩ ᠳᠡᠭᠡᠷ᠎ᠡ ᠡᠴᠡ ᠶᠠᠭᠠᠷᠠᠨ ᠪᠣᠰᠴᠤ᠂ ᠲᠡᠷᠡ ᠰᠠᠢᠬᠠᠨ ᠰᠠᠨᠠᠭᠠᠲᠠᠢ ᠠᠪᠠᠭᠠᠢ ᠶ᠋ᠢ ᠲᠡᠪᠡᠷᠢᠨ᠂
— ᠲᠠ ᠮᠢᠨᠦ ᠡᠵᠢ ᠲᠡᠢ ᠶᠠᠭᠤᠲᠠᠢ ᠠᠳᠠᠯᠢ ᠦᠵᠡᠭᠳᠡᠪᠡ ᠭᠡᠵᠦ ᠰᠡᠳᠬᠢᠯ ᠬᠥᠳᠡᠯᠵᠦ ᠡᠩᠬᠦᠷᠡᠢᠯᠡᠨ ᠲᠡᠪᠡᠷᠢᠵᠦ ᠰᠢᠪᠡᠨᠡᠬᠦ ᠳ᠋ᠦ᠍ ᠨᠢ᠂ ᠲᠡᠷᠡ ᠡᠮᠡᠭᠡᠨ᠂ ᠵᠠᠩ ᠱᠢ ᠶ᠋ᠢᠨ ᠮᠠᠩᠨᠠᠢ ᠶ᠋ᠢ ᠦᠨᠦᠰᠦᠯ᠎ᠡ᠃
ᠲᠣᠭᠣᠭᠠᠨ ᠤ᠋ ᠪᠠᠢᠰᠢᠩ ᠠ᠋ᠴᠠ ᠮᠣᠳᠣᠨ ᠬᠥᠯ ᠢ᠋ᠶ᠋ᠡᠷ ᠲᠦᠰ ᠲᠦᠰ ᠭᠢᠰᠬᠢᠯᠡᠨ ᠡᠮᠡᠭᠡᠨ ᠦ᠌ ᠬᠦᠦ ᠨᠡᠬᠡᠢᠲᠦ ᠣᠷᠣᠵᠤ ᠢᠷᠡᠭᠡᠳ᠂ ᠲᠣᠭᠣᠭᠠᠨ ᠤ᠋ ᠪᠠᠢᠰᠢᠩ ᠳ᠋ᠤ᠌ ᠨᠠᠰᠤᠨᠪᠠᠲᠤ ᠢᠸᠠᠨ ᠡᠪᠦᠭᠡᠨ ᠬᠣᠶᠠᠷ ᠤ᠋ᠨ ᠳᠦᠩᠭᠡᠷ ᠳᠦᠩᠭᠡᠷ ᠦᠭᠡ ᠬᠡᠯᠡᠯᠴᠡᠬᠦ ᠨᠢ ᠰᠣᠨᠣᠰᠲᠠᠯ᠎ᠠ᠃
ᠬᠠᠭᠠᠯᠭ᠎ᠠ ᠶ᠋ᠢᠨ ᠴᠢᠮᠡᠭᠡ ᠭᠠᠷᠴᠤ᠂ ᠭᠠᠳᠠᠨ᠎ᠠ ᠠ᠋ᠴᠠ ᠪᠠᠲᠤᠪᠠᠶᠠᠷ ᠣᠷᠣᠵᠤ ᠢᠷᠡᠯ᠎ᠡ᠃ ᠡᠪᠦᠭᠡᠨ ᠢᠧᠠᠨ᠂
— ᠫᠧᠳ᠋ᠷᠤᠸᠨᠠ᠂ ᠴᠢ ᠶᠠᠭᠠᠬᠢᠴᠢᠬᠤᠪ(ᠶᠠᠭᠠᠬᠢᠴᠢᠬᠠᠪᠠ) ᠠ᠋? ᠵᠣᠴᠢᠳ ᠢ᠋ᠶ᠋ᠠᠨ ᠬᠦᠨᠳᠦᠯᠡᠵᠦ ᠳᠠᠢᠯᠠᠬᠤ ᠶᠤᠮ ᠪᠢᠰᠢ ᠤᠤ? ᠭᠡᠵᠦ ᠬᠦᠩᠭᠢᠨᠡᠵᠦ᠂ ᠪᠠᠲᠤᠪᠠᠶᠠᠷ ᠤ᠋ᠨ ᠵᠦᠭ᠂ ᠵᠠ ᠪᠠᠲᠤᠪᠠᠶᠠᠷ ᠠᠪᠤᠭᠠᠢ ᠮᠢᠨᠢ᠂ ᠮᠠᠨᠠᠢ(ᠮᠠᠨ ᠤ᠋) ᠲᠡᠷᠡ ᠴᠡᠪᠡᠷ ᠥᠷᠥᠭᠡᠨ ᠳ᠋ᠦ᠍ ᠥᠭᠡᠳᠡ ᠪᠣᠯ ᠭᠡᠵᠦ ᠵᠣᠴᠢᠳ ᠢ᠋ ᠬᠣᠢᠮᠣᠷ ᠪᠠᠢᠰᠢᠩ ᠳ᠋ᠠᠭᠠᠨ( ᠳ᠋ᠤ᠌ ᠪᠠᠨ) ᠵᠠᠯᠠᠪᠠ᠃
ᠴᠠᠢ ᠤᠤᠭᠤᠵᠤ᠂ ᠰᠢᠪᠢᠷ ᠦ᠋ᠨ(ᠰᠢᠪᠧᠷᠢᠶ᠎ᠡ ᠶ᠋ᠢᠨ) ᠣᠷᠣᠰ ᠶᠠᠩᠵᠤ ᠶ᠋ᠢᠨ ᠪᠠᠩᠰᠢ ᠭᠡᠳᠡᠭ ᠬᠢᠰᠤᠭ᠎ᠠ ᠪᠣᠭᠣᠷᠰᠣᠭ ᠢᠳᠡᠭᠡᠳ᠂ ᠬᠣᠶᠠᠷ ᠡᠪᠦᠭᠡᠨ᠂ ᠬᠢᠲᠠᠳ ᠭᠠᠨᠽᠠᠢ ᠭᠡᠳᠡᠭ ᠰᠠᠢᠬᠠᠨ ᠠᠷᠢᠬᠢ ᠨᠤᠲᠤᠭ ᠤ᠋ᠨ ᠵᠠᠩᠰᠢᠯ ᠢ᠋ᠶ᠋ᠠᠷ ᠬᠠᠯᠠᠭᠠᠵᠤ᠂ ᠨᠡᠯᠢᠶᠡᠳ ᠬᠡᠳᠦᠨ ᠬᠤᠨᠳᠠᠭ᠎ᠠ ᠤᠤᠭᠤᠭᠠᠳ ᠬᠥᠯᠴᠥᠵᠦ ᠤᠯᠠᠭᠠᠨ ᠵᠡᠭᠡᠷᠳᠡ ᠪᠣᠯᠤᠭᠠᠳ᠂ ᠥᠷᠭᠡᠨ ᠪᠠᠨᠲᠠᠩ ᠳᠡᠭᠡᠷ᠎ᠡ ᠳᠡᠪᠢᠰᠦᠭᠰᠡᠨ ᠭᠤᠲᠤᠰᠤᠨ(ᠭᠣᠳᠣᠰ ᠤ᠋ᠨ) ᠳᠡᠭᠡᠷ᠎ᠡ ᠰᠠᠭᠤᠵᠤ᠂ ᠨᠠᠮ ᠳᠠᠭᠤ ᠪᠠᠷ ᠦᠭᠡ ᠬᠡᠯᠡᠯᠴᠡᠪᠡ᠃
— ᠮᠠᠨᠠᠢᠬᠢᠨ(ᠮᠠᠨ ᠤ᠋ ᠬᠢᠨ) ᠴᠢᠮᠠᠲᠤ(ᠴᠢᠮ᠎ᠠ ᠳ᠋ᠤ᠌) ᠪᠠᠬᠠᠨ ᠲᠦᠪᠡᠭ ᠴᠢᠷᠬᠦ ᠨᠢ ᠳᠡ᠃ ᠨᠢᠭᠡ ᠭᠡᠷ ᠠᠷᠭᠠᠴᠠᠨ ᠣᠯᠵᠤ᠂ ᠡᠨᠳᠡ ᠴᠢᠨᠢ ᠪᠠᠷᠢᠵᠤ ᠥᠭᠳᠡᠭ ᠶᠦᠮ ᠪᠢᠯᠢᠤ(ᠪᠢᠯᠡ ᠤᠤ) ᠳᠠ᠃ ᠬᠥᠭᠡᠷᠦᠬᠦᠢ ᠪᠡᠷᠢ ᠮᠢᠨᠢ᠂ ᠡᠪᠦᠯ ᠦ᠋ᠨ ᠬᠦᠢᠲᠡᠨ ᠴᠠᠭ ᠲᠤ᠌ ᠭᠡᠷ ᠲᠦ᠍ ᠰᠠᠭᠤᠵᠤ ᠶᠡᠷᠦ ᠦᠵᠡᠭᠡ ᠦᠭᠡᠢ ᠬᠥᠮᠦᠨ ᠶᠦᠮ ᠳᠡ᠃ ᠴᠢ ᠶᠠᠭᠤ ᠭᠡᠵᠦ ᠪᠣᠳᠣᠵᠤ ᠪᠠᠢᠨ᠎ᠠ᠂ ᠢᠸᠠᠨ ᠮᠢᠨᠢ᠂ ᠶᠣᠰᠣᠷᠬᠠᠭᠠᠳ ᠶᠠᠭᠠᠬᠢᠬᠤᠪ(ᠶᠠᠭᠠᠬᠢᠬᠤ ᠪᠣᠢ)᠂ ᠦᠨᠡᠨ ᠢ᠋ᠶ᠋ᠡᠨ ᠨᠠᠳᠠᠳᠤ(ᠨᠠᠳᠠ ᠳ᠋ᠤ᠌)ᠬᠡᠯᠡ ᠯᠡ ᠳᠡ ᠭᠡᠵᠦ ᠪᠠᠲᠤᠪᠠᠶᠠᠷ ᠡᠪᠦᠭᠡᠨ ᠦ᠌ ᠲᠥᠪ ᠨᠠᠮ ᠳᠠᠭᠤᠨ ᠢ᠋ᠶ᠋ᠠᠷ ᠥᠭᠦᠯᠡᠬᠦ ᠳ᠋ᠦ᠍᠂
— ᠮᠠᠨᠠᠢ(ᠮᠠᠨ ᠤ᠋) ᠣᠷᠣᠰ ᠤ᠋ᠨ ᠬᠠᠭᠤᠴᠢᠨ ᠦᠭᠡᠨ ᠳ᠋ᠦ᠍ ᠴᠢᠬᠢᠯᠳᠦᠵᠦ ᠰᠠᠭᠤᠭᠰᠠᠨ ᠴᠤ᠌ ᠡᠪ ᠲᠡᠢ ᠨᠢ ᠰᠠᠢᠬᠠᠨ ᠭᠡᠳᠡᠭ ᠦᠭᠡ ᠪᠣᠢ᠂ ᠪᠠᠲᠤᠪᠠᠶᠠᠷ ᠮᠢᠨᠢ ᠭᠡᠵᠦ ᠬᠣᠶᠠᠷ ᠡᠪᠦᠭᠡᠨ ᠦ᠌ ᠶᠠᠷᠢᠯᠴᠠᠬᠤ ᠳ᠋ᠤᠨᠢ(ᠳ᠋ᠤ᠌ ᠨᠢ) ᠰᠠᠭᠠᠳ ᠪᠣᠯᠬᠤ ᠦᠭᠡᠢ ᠭᠡᠵᠦ ᠳᠠᠷᠤᠤ ᠵᠠᠩ ᠲᠠᠢ ᠵᠠᠩ ᠱᠢ ᠬᠡᠦᠬᠡᠳ ᠢ᠋ᠶ᠋ᠡᠨ ᠠᠪᠤᠭᠠᠳ ᠲᠣᠭᠣᠭᠠᠨ ᠤ᠋ ᠭᠡᠷ ᠲᠦ᠍ ᠣᠷᠣᠪᠠ᠃ ᠨᠠᠰᠤᠨᠪᠠᠲᠤ ᠴᠣᠩᠬᠣᠨ ᠤ᠋ ᠳᠡᠷᠭᠡᠳᠡ ᠲᠤᠭᠤᠷᠭ᠎ᠠ ᠲᠦᠰᠢᠭᠡᠳ ᠰᠠᠭᠤᠵᠤ ᠪᠠᠢᠭᠰᠠᠨ ᠢ᠋ᠶ᠋ᠠᠨ᠂ ᠨᠢᠭᠡ ᠮᠡᠳᠡᠲᠡᠯᠡ ᠨᠣᠢᠷ ᠬᠦᠷᠴᠦ ᠨᠢᠳᠦ ᠠᠨᠢᠯᠳᠤᠬᠤ ᠳ᠋ᠤ᠌᠂ ᠨᠣᠢᠷ ᠢ᠋ᠶ᠋ᠠᠨ ᠰᠡᠷᠡᠭᠡᠬᠦ ᠭᠡᠵᠦ ᠭᠠᠳᠠᠭ᠎ᠠ ᠭᠠᠷᠪᠠ᠃ ᠶᠠᠭᠤᠮ᠎ᠠ ᠬᠢᠳᠡᠭ ᠫᠧᠩ ᠦ᠋ᠨ ᠡᠭᠦᠳᠡᠨ ᠳ᠋ᠦ᠍ ᠨᠡᠬᠡᠢᠲᠦ ᠮᠣᠳᠣᠨ ᠬᠥᠯ ᠢ᠋ᠶ᠋ᠡᠷ ᠢ᠋ᠶ᠋ᠡᠨ ᠬᠠᠵᠠᠭᠠᠨᠠᠨ ᠭᠢᠰᠬᠢᠯᠡᠵᠦ᠂ ᠴᠢᠷᠭ᠎ᠠ ᠠ᠋ᠴᠠ ᠳᠡᠪᠡᠯ᠂ ᠳᠡᠪᠢᠰᠬᠡᠷ᠂ ᠶᠠᠭᠤᠮ᠎ᠠ ᠬᠡᠦᠮ᠎ᠡ ᠶ᠋ᠢ ᠨᠢ ᠭᠠᠷᠭᠠᠭᠠᠳ᠂ ᠫᠧᠩ ᠳ᠋ᠦ᠍ ᠣᠷᠣᠭᠤᠯᠬᠤ ᠭᠡᠵᠦ ᠪᠠᠢᠭᠰᠠᠨ ᠢ᠋ ᠬᠠᠷᠠᠭᠠᠳ᠂
— ᠨᠡᠬᠡᠢᠲᠦ ᠭᠤᠸᠠᠢ ᠶ᠋ᠢ ᠢᠩᠭᠢᠵᠦ ᠴᠢᠯᠡᠭᠡᠵᠦ᠂ ᠶᠠᠭᠤᠮ᠎ᠠ ᠪᠠᠨ ᠵᠥᠭᠡᠭᠡᠯᠭᠡᠵᠦ ᠪᠠᠢᠭᠰᠠᠨ ᠢ᠋ᠶ᠋ᠠᠨ ᠪᠢ ᠮᠡᠳᠡᠭᠰᠡᠨ ᠦᠭᠡᠢ᠃ ᠲᠠ ᠨᠠᠮᠠᠶ᠋ᠢ(ᠨᠠᠮ᠎ᠠ ᠶ᠋ᠢ) ᠠᠭᠤᠴᠢᠯᠠᠭᠠᠷᠠᠢ ᠬᠡᠮᠡᠪᠡᠰᠦ᠂
— ᠠ᠂ ᠵᠦᠭᠡᠷ᠂ ᠵᠦᠭᠡᠷ᠂ ᠴᠢ ᠠᠶᠠᠨᠰᠢᠵᠤ ᠶᠠᠳᠠᠷᠠᠭᠰᠠᠨ ᠪᠠᠢᠯ ᠦᠭᠡᠢ ᠶᠠᠭᠠᠬᠢᠬᠤ ᠪᠣᠢ᠃ ᠪᠡᠶ᠎ᠡ ᠴᠢᠨᠢ ᠴᠤ᠌ ᠨᠢᠭᠡ ᠶᠡᠬᠡ ᠰᠠᠢᠨ ᠪᠣᠯᠤᠭ᠎ᠠ ᠦᠭᠡᠢ ᠪᠣᠯᠤᠯᠲᠠᠢ᠃ ᠪᠢ ᠡᠨᠡ ᠴᠢᠷᠭᠠᠨ ᠤ᠋ ᠶᠠᠭᠤᠮ᠎ᠠ ᠶ᠋ᠢ ᠪᠠᠷᠤᠭ ᠢ᠋ ᠨᠢ ᠭᠠᠷᠭᠠᠵᠤ ᠫᠧᠩ ᠳ᠋ᠦ᠍ ᠣᠷᠣᠭᠤᠯᠴᠢᠬᠰᠠᠨ(ᠣᠷᠣᠭᠤᠯᠴᠢᠬᠠᠭᠰᠠᠨ)᠃ ᠣᠳᠣ ᠭᠡᠷ ᠲᠡᠭᠡᠨ ᠣᠷᠣᠶ᠎ᠠ᠃ ᠰᠢᠷᠬ᠎ᠠ ᠴᠢᠨᠢ ᠵᠦᠭᠡᠷ ᠪᠣᠯᠪᠠᠤ? ᠣᠷᠣᠢ ᠪᠢ ᠦᠵᠡᠭᠡᠳ ᠦᠭᠭᠦᠭᠡᠮᠵᠢ ᠭᠡᠬᠦ ᠳ᠋ᠦ᠍᠂
— ᠵᠦᠭᠡᠷ ᠪᠣᠯᠵᠤ ᠪᠠᠢᠨ᠎ᠠ ᠭᠡᠵᠡᠢ᠃
— ᠵᠠ᠂ ᠲᠡᠭᠡᠪᠡᠯ ᠶᠠᠭᠠᠮᠠᠢ᠃ ᠮᠠᠨᠠᠢ(ᠮᠠᠨ ᠤ᠋) ᠡᠨᠳᠡ ᠲᠠᠢᠪᠤᠩ ᠠᠮᠤᠭᠤᠯᠠᠩ᠂ ᠭᠠᠮᠢᠩ᠂ ᠴᠠᠭᠠᠨᠲᠠᠨ ᠶᠡᠷᠦ ᠠᠯᠠᠭ᠎ᠠ᠃ ᠮᠢᠨᠦ ᠮᠠᠭᠤ ᠬᠦᠦ ᠤᠯᠠᠭᠠᠨ ᠴᠡᠷᠢᠭ ᠲᠦ᠍ ᠪᠠᠢᠭ᠎ᠠ᠂ ᠵᠥᠪᠯᠡᠯᠲᠦ ᠵᠠᠰᠠᠭ ᠤ᠋ᠨ ᠢ᠋ᠶ᠋ᠠᠨ ᠲᠥᠯᠥᠭᠡ ᠳᠠᠢᠰᠤᠨ ᠲᠠᠢ ᠬᠠᠯᠠᠭᠤᠨ ᠠᠮᠢ᠂ ᠪᠦᠯᠢᠶᠡᠨ ᠴᠢᠰᠤ ᠪᠠᠨ ᠬᠠᠢᠷ᠎ᠠ ᠦᠭᠡᠢ ᠲᠤᠯᠵᠤ ᠶᠠᠪᠤᠭ᠎ᠠ ᠳᠠ ᠭᠡᠵᠦ ᠬᠡᠯᠡᠯᠴᠡᠲᠡᠯᠡ᠂ ᠫᠧᠳ᠋ᠷᠤᠸᠨᠠ ᠡᠮᠡᠭᠡᠨ ᠪᠠᠢᠰᠢᠩ ᠠ᠋ᠴᠠ ᠭᠠᠷᠴᠤ᠂ ᠱᠠᠲᠤᠨ ᠳᠡᠭᠡᠷ᠎ᠡ ᠡᠴᠡ ᠨᠠᠰᠤᠨᠪᠠᠲᠤ ᠶ᠋ᠢ᠂
— ᠬᠡᠦᠬᠡ᠂ ᠭᠡᠷ ᠲᠦ᠍ ᠣᠷᠣ᠃ ᠪᠢ ᠴᠢᠮᠠᠲᠤ(ᠴᠢᠮ᠎ᠠ ᠳ᠋ᠤ᠌) ᠣᠷᠣ ᠳᠡᠪᠢᠰᠬᠡᠷ ᠵᠠᠰᠠᠴᠢᠯᠠ(ᠵᠠᠰᠠᠴᠢᠬᠠᠯᠠ)᠃ ᠬᠡᠪᠲᠡᠵᠦ ᠠᠮᠠᠷᠠ᠂ ᠵᠠᠮ ᠳ᠋ᠠᠭᠠᠨ ᠶᠠᠳᠠᠷᠠᠭᠰᠠᠨ ᠪᠠᠢᠯ ᠦᠭᠡᠢ ᠶᠠᠭᠠᠬᠢᠬᠤ ᠪᠣᠢ ᠭᠡᠵᠡᠢ᠃
ᠨᠠᠰᠤᠨᠪᠠᠲᠤ ᠬᠥᠳᠡᠭᠡ ᠠᠭᠯᠠᠭ ᠭᠠᠵᠠᠷ ᠰᠠᠨᠠᠭ᠎ᠠ ᠠᠮᠤᠷ᠂ ᠲᠠᠢᠪᠤᠩ ᠰᠠᠢᠬᠠᠨ ᠰᠠᠭᠤᠬᠤ ᠪᠣᠯᠵᠤ᠂ ᠪᠠᠷᠤᠨ ᠤ᠋ ᠴᠡᠷᠢᠭ ᠪᠤᠷᠤᠩᠬᠤᠢᠯᠠᠵᠤ ᠪᠠᠢᠭᠰᠠᠨ ᠬᠦᠷᠢᠶ᠎ᠡ ᠡᠴᠡ ᠲᠡᠷᠡ ᠡᠯᠢᠭᠡᠰᠡᠭ ᠰᠠᠢᠬᠠᠨ ᠰᠠᠨᠠᠭᠠᠲᠤ ᠣᠷᠣᠰ ᠡᠮᠡᠭᠡᠨ ᠡᠪᠦᠭᠡᠨ ᠬᠣᠶᠠᠷ ᠤ᠋ᠨ ᠳ᠋ᠤ᠌ ᠬᠦᠦ ᠡᠴᠡ ᠨᠢ ᠥᠭᠡᠷ᠎ᠡ ᠦᠭᠡᠢ᠂ ᠥᠭᠡᠬᠦᠨ ᠳᠣᠲᠣᠷᠠᠬᠢ ᠪᠥᠭᠡᠷ᠎ᠡ ᠰᠢᠭ ᠪᠥᠭᠡᠴᠡᠢᠯᠡᠭᠦᠯᠵᠦ ᠪᠠᠢᠪᠠ᠃
ᠨᠤᠲᠤᠭ ᠤ᠋ᠨ ᠠᠷᠠᠳ ᠤ᠋ᠳ ᠨᠡᠬᠡᠢᠲᠦ ᠳ᠋ᠦ᠍ ᠪᠡᠶ᠎ᠡ ᠪᠡᠨ ᠦᠵᠡᠭᠦᠯᠬᠦ᠂ ᠡᠮ ᠵᠠᠯᠠᠬᠤ ᠭᠡᠵᠦ ᠢᠷᠡᠳᠡᠭ ᠪᠠᠢᠵᠤ᠂ ᠲᠡᠭᠡᠬᠦ ᠳ᠋ᠡᠭᠡᠨ ᠨᠠᠰᠤᠨᠪᠠᠲᠤ ᠠ᠋ᠴᠠ ᠬᠦᠷᠢᠶᠡᠨ ᠦ᠌ ᠰᠣᠨᠢᠨ ᠢ᠋ ᠠᠰᠠᠭᠤᠵᠤ᠂ ᠴᠠᠭ ᠲᠥᠷᠥ ᠶ᠋ᠢᠨ ᠪᠠᠢᠳᠠᠯ ᠢ᠋ ᠰᠣᠨᠢᠷᠬᠠᠳᠠᠭ ᠪᠠᠢᠪᠠ᠃ ᠨᠠᠰᠤᠨᠪᠠᠲᠤ ᠶ᠋ᠢ ᠰᠠᠢᠨ ᠲᠠᠨᠢᠳᠠᠭ ᠦᠭᠡᠢ ᠵᠠᠷᠢᠮ ᠨᠢᠭᠡ ᠨᠢ ᠢᠯᠡᠭᠦᠦ ᠳᠤᠲᠠᠭᠤ ᠦᠭᠡ ᠠᠯᠳᠠᠬᠤ ᠠ᠋ᠴᠠ ᠪᠣᠯᠭᠣᠮᠵᠢᠯᠠᠨ᠂ ᠰᠠᠨᠠᠭ᠎ᠠ ᠪᠠᠢᠳᠠᠯ ᠢ᠋ ᠨᠢ ᠳᠠᠩᠰᠠᠨ ᠮᠡᠳᠡᠬᠦ ᠭᠡᠵᠦ ᠶᠡᠬᠡ ᠬᠣᠯᠠ ᠠ᠋ᠴᠠ ᠲᠣᠭᠣᠷᠢᠭᠤᠯᠤᠨ ᠶᠠᠷᠢᠳᠠᠭ ᠪᠠᠢᠯ᠎ᠠ᠃ ᠡᠪᠦᠭᠡᠨ ᠪᠠᠲᠤᠪᠠᠶᠠᠷ ᠢ᠋ ᠶᠠᠭᠤᠮ᠎ᠠ ᠶᠡᠬᠡ ᠦᠵᠡᠵᠦ ᠥᠩᠭᠡᠷᠡᠭᠦᠯᠦᠭᠰᠡᠨ ᠰᠢᠳᠤᠷᠭᠤ ᠭᠣᠣᠯᠴᠢ᠂ ᠲᠣᠮᠣᠭᠠᠲᠠᠢ ᠰᠠᠢᠨ ᠬᠥᠮᠦᠨ ᠭᠡᠵᠦ ᠲᠠᠨᠢᠳᠠᠭ᠂ ᠡᠷᠬᠢᠮᠯᠡᠨ ᠬᠦᠨᠳᠦᠳᠬᠡᠳᠡᠭ ᠵᠠᠷᠢᠮ ᠨᠢᠭᠡ ᠨᠢ᠂ ᠨᠠᠰᠤᠨᠪᠠᠲᠤ ᠶ᠋ᠢ ᠴᠤ᠌ ᠲᠣᠮᠣᠭᠠᠲᠠᠢ ᠰᠠᠢᠨ ᠬᠥᠮᠦᠨ ᠦ᠌ ᠦᠷ᠎ᠡ ᠬᠦᠦ᠂ ᠶᠠᠭᠤᠮ᠎ᠠ ᠮᠡᠳᠡᠳᠡᠭ ᠬᠥᠮᠦᠨ ᠭᠡᠵᠦ ᠦᠭᠡ ᠶᠠᠷᠢᠬᠤ ᠳ᠋ᠠᠭᠠᠨ(ᠳ᠋ᠤ᠌ ᠪᠠᠨ) ᠦᠨᠡᠨ ᠢ᠋ᠶ᠋ᠡᠨ ᠶᠠᠷᠢᠵᠤ᠂ ᠠᠰᠠᠭᠤᠨ ᠯᠠᠪᠯᠠᠬᠤ᠂ ᠰᠡᠵᠢᠭ ᠲᠠᠰᠤᠯᠬᠤ ᠶᠠᠭᠤᠮ᠎ᠠ ᠶ᠋ᠢ ᠡᠷᠡᠭᠡ ᠦᠭᠡᠢ ᠠᠰᠠᠭᠤᠨ ᠬᠡᠯᠡᠯᠴᠡᠵᠦ᠂
— ᠮᠠᠨᠠᠢ(ᠮᠠᠨ ᠤ᠋) ᠨᠥᠬᠥᠷ ᠬᠠᠨᠢ ᠴᠣᠬᠣᠮ ᠬᠡᠨ ᠪᠣᠯᠬᠤ ᠨᠢ ᠪᠣᠢ? ᠮᠠᠨᠠᠢ(ᠮᠠᠨ ᠤ᠋) ᠳᠠᠢᠰᠤᠨ ᠭᠠᠮᠢᠩ ᠢ᠋ ᠬᠦᠷᠢᠶᠡᠨ ᠡᠴᠡ ᠬᠥᠭᠡᠭᠡᠵᠦ᠂ ᠪᠢᠳᠡ ᠪᠦᠭᠦᠳᠡ ᠶ᠋ᠢᠨ ᠪᠠᠭᠰᠢ ᠪᠣᠭᠳᠠ ᠵᠢᠪᠽᠥ᠋ᠨᠳᠠᠮᠪᠠ ᠶ᠋ᠢ ᠳᠠᠬᠢᠨ ᠬᠠᠭᠠᠨ ᠰᠢᠷᠡᠭᠡᠨ ᠳ᠋ᠦ᠍ ᠵᠠᠯᠠᠭᠰᠠᠨ ᠪᠠᠷᠤᠨ ᠥᠩᠬᠧᠷᠡᠨ ᠦ᠌ ᠴᠠᠭᠠᠨ ᠣᠷᠣᠰ᠂ ᠮᠠᠨᠠᠢ(ᠮᠠᠨ ᠤ᠋) ᠨᠥᠬᠥᠷ ᠬᠠᠨᠢ ᠪᠣᠯᠬᠤ ᠤᠤ᠂ ᠤᠯᠠᠭᠠᠨ ᠣᠷᠣᠰ ᠪᠢᠳᠡᠨ ᠦ᠌ ᠦᠨᠡᠨ ᠨᠥᠬᠥᠷ ᠪᠣᠯᠬᠤ ᠤᠤ?
ᠪᠠᠷᠤᠨ ᠢ᠋ ᠵᠠᠷᠢᠮ ᠯᠠᠮᠠ ᠨᠠᠷ ᠲᠠᠪᠤᠳᠤᠭᠠᠷ ᠪᠣᠭᠳᠠ ᠶ᠋ᠢᠨ ᠬᠤᠪᠢᠯᠭᠠᠨ ᠭᠡᠳᠡᠭ᠃ ᠵᠠᠷᠢᠮ ᠯᠠᠮᠠ ᠨᠠᠷ ᠰᠢᠷ᠎ᠠ ᠶ᠋ᠢᠨ ᠱᠠᠰᠢᠨ ᠤ᠋ ᠳᠣᠭᠰᠢᠨ ᠤᠯᠠᠭᠠᠨ ᠰᠠᠬᠢᠭᠤᠯᠰᠤ᠂ ᠭᠡᠰᠡᠷ ᠬᠠᠭᠠᠨ ᠤ᠋ ᠬᠤᠪᠢᠯᠭᠠᠨ ᠳᠦᠷᠢ ᠮᠥᠨ ᠭᠡᠵᠦ ᠶᠠᠷᠢᠳᠠᠭ ᠤ᠋ᠨ ᠠᠯᠢ ᠨᠢ ᠦᠨᠡᠨ ᠪᠣᠢ?
— ᠮᠠᠨᠠᠢ(ᠮᠠᠨ ᠤ᠋) ᠡᠨᠳᠡ ᠯᠠᠮᠠ ᠨᠠᠷ ᠤ᠋ᠨ ᠬᠡᠯᠡᠯᠴᠡᠬᠦ ᠶ᠋ᠢ ᠰᠣᠨᠣᠰᠪᠠᠯ᠂ ᠰᠦᠬᠡᠪᠠᠭᠠᠲᠤᠷ᠂ ᠴᠣᠢᠪᠠᠯᠰᠠᠩ ᠤ᠋ᠨ ᠵᠢᠷᠤᠮ ᠤ᠋ᠨ ᠴᠡᠷᠢᠭ ᠲᠦ᠍ ᠡᠯᠰᠡᠭᠰᠡᠨ ᠬᠥᠮᠦᠨ ᠪᠦᠬᠦᠨ᠂ ᠡᠴᠢᠭᠡ ᠡᠬᠡ᠂ ᠯᠠᠮᠠ ᠪᠠᠭᠰᠢ ᠶᠤᠭᠠᠨ ᠴᠤ᠌ ᠠᠯᠠᠵᠤ ᠴᠢᠳᠠᠨ᠎ᠠ ᠭᠡᠵᠦ ᠲᠠᠩᠭᠠᠷᠢᠭᠯᠠᠭᠠᠳ᠂ ᠲᠡᠷᠡ ᠲᠠᠩᠭᠠᠷᠢᠭ ᠢ᠋ᠶ᠋ᠠᠨ ᠪᠠᠲᠤᠯᠠᠵᠤ᠂ ᠣᠷᠣᠰ ᠡᠮ᠎ᠡ ᠶ᠋ᠢᠨ ᠥᠮᠥᠳᠦᠨ ᠳᠣᠭᠤᠤᠷ ᠰᠢᠷᠭᠤᠵᠤ ᠭᠠᠷᠳᠠᠭ ᠶᠤᠮ ᠭᠡᠵᠦ ᠬᠡᠯᠡᠯᠴᠡᠳᠡᠭ ᠦᠨᠡᠨ ᠤᠤ? ᠭᠡᠬᠦ ᠵᠡᠷᠭᠡ ᠪᠡᠷ ᠰᠡᠳᠬᠢᠯ ᠬᠣᠶᠠᠷᠳᠠᠨ ᠭᠠᠢᠬᠠᠭᠰᠠᠨ ᠢ᠋ᠶ᠋ᠠᠨ ᠠᠰᠠᠭᠤᠳᠠᠭ ᠪᠠᠢᠵᠠᠢ᠃
ᠡᠨᠡ ᠮᠡᠲᠦ ᠵᠦᠢᠯ ᠠᠰᠠᠭᠤᠳᠠᠭ ᠢ᠋ ᠦᠵᠡᠭᠡᠳ ᠨᠠᠰᠤᠨᠪᠠᠲᠤ᠂ ᠯᠠᠮᠠ ᠨᠣᠶᠠᠳ᠂ ᠠᠷᠠᠳ ᠣᠯᠠᠨ ᠤ᠋ ᠪᠢᠴᠢᠭ ᠦᠰᠦᠭ ᠮᠡᠳᠡᠬᠦ ᠦᠭᠡᠢ ᠬᠣᠴᠣᠷᠤᠭᠳᠠᠭᠰᠠᠨ ᠪᠠᠢᠳᠠᠯ᠂ ᠮᠤᠬᠤᠷ ᠰᠦᠰᠦᠭ ᠪᠢᠰᠢᠷᠡᠯ ᠳ᠋ᠦ᠍ ᠠᠪᠲᠠᠭᠳᠠᠭᠰᠠᠨ ᠢ᠋ ᠵᠠᠪᠰᠢᠨ ᠠᠰᠢᠭᠯᠠᠵᠤ᠂ ᠡᠯᠳᠡᠪ ᠢ᠋ᠶ᠋ᠡᠷ ᠣᠯᠠᠨ ᠤ᠋ ᠰᠡᠳᠬᠢᠯ ᠰᠠᠨᠠᠭ᠎ᠠ ᠲᠥᠭᠡᠷᠢᠭᠳᠡᠭᠦᠯᠦᠨ ᠪᠠᠢᠭ᠎ᠠ ᠶ᠋ᠢ ᠢᠯᠡᠳᠲᠡ ᠦᠵᠡᠵᠦ᠂ ᠠᠯᠢ ᠬᠣᠣᠷᠲᠠᠢ᠂ ᠠᠯᠢ ᠵᠢᠭᠲᠡᠢ ᠮᠠᠭᠤᠬᠠᠢ᠂ ᠶᠡᠷᠦ ᠬᠥᠮᠦᠨ ᠦ᠌ ᠰᠠᠨᠠᠭ᠎ᠠ ᠰᠡᠳᠬᠢᠯ ᠳ᠋ᠦ᠍ ᠣᠷᠣᠮ᠎ᠠ ᠦᠭᠡᠢ ᠴᠤᠤ ᠳᠠᠮ ᠦᠭᠡ ᠶ᠋ᠢᠨ ᠵᠦᠢᠯ ᠴᠥᠮ ᠰᠦᠮ᠎ᠡ ᠬᠡᠢᠳ᠂ ᠨᠣᠶᠠᠳ ᠤ᠋ᠨ ᠥᠷᠭᠥᠭᠡ᠂ ᠲᠡᠳᠡᠨ ᠦ᠌ ᠲᠠᠮᠠᠭ᠎ᠠ ᠶ᠋ᠢᠨ ᠭᠠᠵᠠᠷ ᠤ᠋ᠨ ᠬᠠᠪᠢ ᠠ᠋ᠴᠠ ᠭᠠᠷᠳᠠᠭ ᠪᠠᠢᠳᠠᠯ ᠢ᠋ ᠲᠣᠳᠣᠷᠬᠠᠢ ᠮᠡᠳᠡᠪᠡ᠃
ᠵᠠᠷᠢᠮ ᠳ᠋ᠠᠭᠠᠨ ᠠᠷᠠᠳ ᠤ᠋ᠳ ᠡᠨᠡ ᠲᠡᠷᠡ ᠴᠤᠤ ᠳᠠᠮ ᠦᠭᠡ ᠶ᠋ᠢ ᠴᠣᠬᠣᠮ ᠲᠡᠷᠡ ᠬᠥᠮᠦᠨ ᠠᠩᠬ᠎ᠠ ᠬᠡᠯᠡᠭᠰᠡᠨ ᠭᠡᠵᠦ ᠡᠵᠡᠨ ᠢ᠋ ᠬᠦᠷᠲᠡᠯ᠎ᠡ ᠵᠢᠭᠠᠵᠤ ᠬᠡᠯᠡᠳᠡᠭ ᠪᠠᠢᠭᠰᠠᠨ ᠢ᠋ ᠬᠢᠨᠠᠨ ᠦᠵᠡᠪᠡᠯ᠂ ᠴᠥᠮ ᠭᠠᠮᠢᠩ ᠤ᠋ᠨ ᠦᠶᠡᠰ ᠲᠦ᠍ ᠵᠡᠷᠭᠡ ᠬᠡᠷᠬᠢᠮ᠂ ᠹᠦᠩᠯᠦ ᠶᠠᠩᠪᠠ ᠬᠦᠷᠲᠡᠭᠡᠳ᠂ ᠡᠴᠦᠰ ᠰᠡᠭᠦᠯ ᠳ᠋ᠦ᠍ᠨᠢ ᠪᠠᠷᠤᠨ ᠤ᠋ ᠲᠠᠯ᠎ᠠ ᠳ᠋ᠤ᠌ ᠣᠷᠣᠭᠠᠳ᠂ ᠳᠠᠷᠤᠯᠠᠭᠳᠠᠭᠰᠠᠨ ᠣᠯᠠᠨ ᠤ᠋ ᠰᠡᠳᠬᠢᠯ ᠢ᠋ ᠲᠠᠲᠠᠵᠤ᠂ ᠤᠮᠠᠷ᠎ᠠ ᠵᠦᠭ ᠲᠦ᠍ ᠬᠥᠭᠵᠢᠨ ᠮᠠᠨᠳᠤᠵᠤ ᠪᠠᠢᠭ᠎ᠠ ᠠᠷᠠᠳ ᠤ᠋ᠨ ᠡᠷᠬᠡ ᠴᠢᠯᠥᠭᠡᠨ ᠦ᠌ ᠬᠥᠳᠡᠯᠭᠡᠭᠡᠨ ᠳ᠋ᠦ᠍ ᠡᠷᠬᠡ ᠠᠰᠢᠭ ᠢ᠋ᠶ᠋ᠠᠨ ᠠᠯᠳᠠᠬᠤ ᠠ᠋ᠴᠠ ᠡᠮᠢᠶᠡᠭᠰᠡᠨ ᠬᠠᠷ᠎ᠠ ᠰᠢᠷ᠎ᠠ ᠹᠧᠣᠳᠠᠯ᠂ ᠵᠠᠰᠠᠭ ᠨᠣᠶᠠᠳ᠂ ᠲᠣᠮᠣ ᠯᠠᠮᠠ ᠨᠠᠷ᠂ ᠲᠡᠷᠡ ᠮᠡᠲᠦ ᠴᠤᠤ ᠳᠠᠮ ᠦᠭᠡ ᠵᠣᠬᠢᠶᠠᠨ ᠲᠠᠷᠬᠠᠭᠠᠳᠠᠭ ᠪᠠᠢᠵᠠᠢ᠃
ᠨᠠᠰᠤᠨᠪᠠᠲᠤ ᠬᠦᠷᠢᠶᠡᠨ ᠳ᠋ᠦ᠍ ᠪᠠᠢᠬᠤ ᠦᠶᠡᠰ᠂ ᠨᠢᠭᠤᠴᠠ ᠳᠤᠭᠤᠢᠯᠠᠩ ᠳ᠋ᠤ᠌ ᠰᠦᠬᠡᠪᠠᠭᠠᠲᠤᠷ ᠴᠣᠢᠪᠠᠯᠰᠠᠩ᠂ ᠣᠷᠣᠰ ᠬᠤᠪᠢᠰᠬᠠᠯᠴᠢ ᠨᠥᠬᠥᠷ ᠺᠥ᠋ᠴᠧᠷᠧᠠᠺᠤ᠂ ᠭᠧᠮᠪᠠᠷᠵᠧᠧᠰᠺᠢ ᠨᠠᠷ ᠠ᠋ᠴᠠ ᠮᠠᠷᠺᠰ ᠯᠧᠨᠢᠨ ᠦ᠌ ᠰᠤᠷᠭᠠᠯ᠂ ᠪᠣᠯᠱᠧᠸᠢᠭ ᠨᠠᠮ᠂ ᠣᠷᠣᠰ ᠲᠠᠬᠢ ᠬᠣᠶᠠᠳᠤᠭᠠᠷ ᠰᠠᠷ᠎ᠠ ᠶ᠋ᠢᠨ᠂ ᠮᠥᠨ ᠣᠺᠲ᠋ᠣᠪᠧᠷ ᠦ᠋ᠨ ᠬᠤᠪᠢᠰᠬᠠᠯ ᠤ᠋ᠨ ᠤᠴᠢᠷ ᠢ᠋ ᠶᠠᠷᠢᠵᠤ᠂ ᠵᠥᠪᠯᠡᠯᠲᠦ ᠶ᠋ᠢᠨ ᠤᠯᠠᠭᠠᠨ ᠴᠡᠷᠢᠭ᠂ ᠣᠷᠣᠰ ᠤ᠋ᠨ ᠵᠢᠷᠤᠮ ᠤ᠋ᠨ ᠤᠯᠠᠭᠠᠨ ᠴᠡᠷᠢᠭ ᠦ᠋ᠨ ᠲᠤᠬᠠᠢ᠂ ᠮᠥᠨ ᠲᠡᠳᠡᠨ ᠢ᠋ ᠬᠡᠷᠬᠢᠨ ᠬᠤᠪᠢᠰᠬᠠᠯ ᠤ᠋ᠨ ᠡᠰᠡᠷᠭᠦᠦ ᠨᠠᠷ ᠬᠢᠭᠡᠳ ᠠᠮᠧᠷᠢᠺᠠ᠂ ᠶᠠᠫᠣᠨ᠂ ᠠᠩᠭ᠌ᠯᠢ ᠶ᠋ᠢᠨ ᠵᠡᠷᠭᠡ ᠬᠥᠷᠥᠩᠭᠡᠲᠡᠨ ᠤᠯᠤᠰ ᠤ᠋ᠨ ᠬᠥᠨᠳᠡᠯᠡᠨ ᠡᠴᠡ ᠣᠷᠣᠰ ᠤᠯᠤᠰ ᠲᠤ᠌ ᠲᠦᠷᠢᠮᠡᠬᠡᠢᠯᠡᠨ ᠬᠠᠯᠳᠠᠭᠰᠠᠨ ᠴᠡᠷᠢᠭ ᠲᠡᠢ ᠪᠠᠢᠯᠳᠤᠨ ᠲᠡᠮᠡᠴᠡᠵᠦ ᠪᠠᠢᠭ᠎ᠠ ᠶ᠋ᠢ᠂ ᠮᠥᠨ ᠠᠷᠠᠳ ᠣᠯᠠᠨ ᠢ᠋ᠶ᠋ᠠᠨ ᠭᠠᠳᠠᠭᠠᠳᠤ ᠳᠣᠲᠣᠭᠠᠳᠤ ᠶ᠋ᠢᠨ ᠳᠠᠷᠤᠯᠠᠭᠴᠢ ᠨᠠᠷ ᠤ᠋ᠨ ᠣᠯᠠᠨ ᠵᠠᠭᠤᠨ ᠵᠢᠯ ᠦ᠋ᠨ ᠳᠠᠷᠤᠯᠠᠯ ᠠ᠋ᠴᠠ ᠠᠩᠭᠢᠵᠢᠷᠠᠭᠤᠯᠬᠤ ᠭᠡᠵᠦ ᠨᠢᠴᠤᠯᠲᠠ ᠦᠭᠡᠢ᠂ ᠠᠮᠢ ᠪᠡᠶ᠎ᠡ ᠪᠡᠨ ᠬᠠᠢᠷ᠎ᠠ ᠦᠭᠡᠢ ᠵᠢᠳᠬᠦᠨ ᠲᠡᠮᠡᠴᠡᠬᠦ ᠡᠭᠦᠷᠭᠡ ᠶ᠋ᠢ ᠪᠡᠶ᠎ᠡ ᠳ᠋ᠡᠭᠡᠨ ᠡᠬᠡ ᠣᠷᠣᠨ᠂ ᠠᠷᠠᠳ ᠲᠦᠮᠡᠨ ᠦ᠌ ᠡᠮᠦᠨ᠎ᠡ ᠬᠦᠯᠢᠶᠡᠭᠰᠡᠨ ᠨᠠᠮ ᠤ᠋ᠨ ᠭᠡᠰᠢᠭᠦᠳ ᠦ᠋ᠨ ᠲᠠᠩᠭᠠᠷᠢᠭ ᠢ᠋ ᠶᠠᠷᠢᠵᠤ᠂ ᠠᠷᠠᠳ ᠣᠯᠠᠨ ᠤ᠋ ᠰᠡᠳᠬᠢᠯ ᠰᠠᠨᠠᠭ᠎ᠠ ᠶ᠋ᠢ ᠲᠥᠭᠡᠷᠢᠯᠳᠦᠭᠦᠯᠦᠭᠴᠢ ᠪᠠᠯᠠᠷ ᠴᠤᠤᠷᠬᠠᠯ ᠦᠭᠡ ᠶ᠋ᠢᠨ ᠬᠤᠳᠠᠯ ᠬᠠᠭᠤᠷᠮᠠᠴᠢ (ᠬᠠᠭᠤᠷᠮᠠᠭᠴᠢ) ᠶ᠋ᠢ ᠤᠢᠳᠬᠠᠷ ᠦᠭᠡᠢ ᠲᠠᠢᠯᠪᠤᠷᠢᠯᠠᠨ ᠬᠡᠯᠡᠵᠦ ᠥᠭᠳᠡᠭ ᠪᠣᠯᠤᠯ᠎ᠠ᠃
ᠨᠠᠰᠤᠨᠪᠠᠲᠤ ᠲᠠᠢ ᠶᠠᠷᠢᠬᠤ ᠭᠡᠵᠦ ᠢᠷᠡᠳᠡᠭ ᠡᠪᠦᠭᠡᠳ᠂ ᠲᠡᠭᠦᠨ ᠦ᠌ ᠦᠨᠡᠨ ᠰᠡᠳᠬᠢᠯ ᠦ᠋ᠨ ᠴᠢᠩ(ᠲᠡᠢᠨ) ᠬᠦ᠌ ᠦᠭᠡ ᠶ᠋ᠢ ᠪᠠᠬᠠᠳᠤᠨ ᠰᠣᠨᠣᠰᠤᠭᠠᠳ᠂
— ᠪᠢᠳᠡ ᠬᠠᠷᠠᠩᠭᠤᠢ ᠮᠤᠩᠬᠠᠭ ᠤᠯᠤᠰ᠂ ᠮᠠᠨᠠᠨ ᠳ᠋ᠤ᠌ ᠲᠥᠭᠡᠷᠢᠭᠰᠡᠨ ᠭᠠᠯᠠᠭᠤ ᠰᠢᠭ᠋ ᠤᠴᠢᠷ ᠵᠦᠭ ᠢ᠋ᠶ᠋ᠡᠨ ᠮᠡᠳᠡᠬᠦ ᠦᠭᠡᠢ ᠪᠠᠢᠯ᠎ᠠ᠃ ᠣᠳᠣ ᠦᠵᠡᠬᠦ ᠳ᠋ᠦ᠍ ᠪᠢᠳᠡᠨ ᠦ᠌ ᠢᠲᠡᠭᠡᠵᠦ ᠪᠠᠢᠭᠰᠠᠨ ᠯᠠᠮᠠ ᠪᠠᠭᠰᠢ ᠨᠠᠷ ᠬᠦᠷᠲᠡᠯ᠎ᠡ᠂ ᠵᠠᠷᠢᠮ ᠵᠦᠢᠯ ᠳ᠋ᠡᠭᠡᠨ (ᠳ᠋ᠦ᠍ ᠪᠡᠨ )ᠪᠢᠳᠡᠨ ᠢ᠋ ᠪᠤᠷᠤᠭᠤ ᠪᠠᠷ ᠤᠳᠤᠷᠢᠳᠴᠤ᠂ ᠲᠥᠭᠡᠷᠢᠯᠳᠦᠭᠦᠯᠦᠨ ᠮᠡᠬᠡᠯᠡᠵᠦ ᠪᠠᠢᠭᠰᠠᠨ ᠠᠵᠢ᠃ ᠭᠠᠰᠢᠭᠤᠨ ᠬᠠᠷᠠᠩᠭᠤᠢ ᠪᠠᠷ ᠠᠮᠢᠳᠤᠷᠠᠵᠤ ᠪᠠᠢᠭᠰᠠᠨ ᠪᠢᠳᠡᠨ ᠦ᠌ ᠡᠷᠬᠡ ᠵᠢᠷᠭᠠᠯ ᠤ᠋ᠨ ᠲᠥᠯᠥᠭᠡ ᠲᠡᠮᠡᠴᠡᠵᠦ ᠪᠠᠢᠭ᠎ᠠ ᠰᠦᠬᠡᠪᠠᠭᠠᠲᠤᠷ᠂ ᠴᠣᠢᠪᠠᠯᠰᠠᠩ ᠤ᠋ᠨ ᠲᠤᠬᠠᠢ ᠦᠨᠡᠨ ᠤᠴᠢᠷ ᠢ᠋ ᠰᠣᠨᠣᠰᠤᠭᠠᠳ᠂ ᠪᠢᠳᠡᠨ ᠳ᠋ᠦ᠍ ᠠᠬ᠎ᠠ ᠳᠡᠭᠦᠦ ᠮᠡᠲᠦ ᠲᠤᠰᠠᠯᠠᠬᠤ ᠵᠥᠪᠯᠡᠯᠲᠦ ᠶ᠋ᠢᠨ ᠠᠷᠠᠳ ᠲᠦᠮᠡᠨ᠂ ᠮᠠᠨᠠᠢ(ᠮᠠᠨ ᠤ᠋) ᠬᠠᠨᠢ ᠨᠥᠬᠥᠷ ᠪᠠᠢᠭ᠎ᠠ ᠭᠡᠳᠡᠭ ᠢ᠋ ᠰᠣᠨᠣᠰᠬᠤ ᠳ᠋ᠤ᠌᠂ ᠬᠠᠷᠠᠩᠭᠤᠢ ᠰᠥᠨᠢ ᠨᠠᠷᠠ ᠤᠷᠭᠤᠭᠰᠠᠨ ᠰᠢᠭ᠋ ᠳᠣᠲᠣᠷ᠎ᠠ ᠣᠩᠭᠣᠢᠯᠠ᠃ ᠣᠷᠣᠰ ᠤᠯᠤᠰ᠂ ᠪᠢᠳᠡᠨ ᠢ᠋ ᠤᠮᠠᠷ᠎ᠠ ᠵᠦᠭ ᠡᠴᠡ ᠲᠤᠰᠠᠯᠠᠨ ᠲᠡᠩᠬᠡᠷᠡᠭᠦᠯᠵᠦ᠂ ᠬᠠᠷᠢ ᠶ᠋ᠢᠨ ᠳᠠᠷᠤᠯᠠᠯ ᠠ᠋ᠴᠠ ᠠᠩᠭᠢᠵᠢᠷᠠᠭᠤᠯᠵᠤ ᠥᠭᠬᠦ ᠲᠡᠦᠬᠡ ᠲᠡᠢ ᠶᠦᠮ ᠭᠡᠵᠦ ᠡᠪᠦᠭᠡᠳ ᠳᠡᠭᠡᠳᠦᠰ ᠮᠠᠨᠢ ᠤᠴᠢᠷ ᠲᠠᠢ ᠦᠭᠡ ᠬᠡᠯᠡᠯᠴᠡᠳᠡᠭ ᠪᠠᠢᠵᠠᠢ᠃
ᠣᠳᠣ᠂ ᠬᠡᠷᠪᠡ ᠮᠠᠨᠠᠢ(ᠮᠠᠨ ᠤ᠋) ᠦᠷ᠎ᠡ ᠬᠡᠦᠬᠡᠳ ᠢ᠋ ᠪᠠᠷᠣᠨ ᠤ᠋ ᠴᠡᠷᠢᠭ ᠲᠦ᠍ ᠳᠠᠢᠴᠢᠯᠠᠵᠤ᠂ ᠮᠠᠨᠠᠢ(ᠮᠠᠨ ᠤ᠋) ᠡᠷᠬᠡ ᠵᠢᠷᠭᠠᠯ ᠤ᠋ᠨ ᠲᠥᠯᠥᠭᠡ ᠲᠡᠮᠡᠴᠡᠵᠦ ᠪᠠᠢᠭ᠎ᠠ ᠰᠦᠬᠡᠪᠠᠭᠠᠲᠤᠷ᠂ ᠴᠣᠢᠪᠠᠯᠰᠠᠩ ᠤ᠋ᠨ ᠠᠷᠠᠳ ᠤ᠋ᠨ ᠵᠢᠷᠤᠮ ᠤ᠋ᠨ ᠴᠡᠷᠢᠭ᠂ ᠵᠥᠪᠯᠡᠯᠲᠦ ᠣᠷᠣᠰ ᠤᠯᠤᠰ ᠢ᠋ ᠪᠠᠢᠯᠳᠤᠨ᠎ᠠ ᠭᠡᠬᠦ ᠶᠦᠮ ᠪᠣᠯ᠂ ᠮᠠᠨᠠᠢ(ᠮᠠᠨ ᠤ᠋) ᠦᠷ᠎ᠡ ᠬᠡᠦᠬᠡᠳ ᠶᠠᠭᠠᠬᠢᠭᠰᠠᠨ ᠴᠤ᠌ ᠬᠠᠷᠭᠢᠰ ᠪᠠᠷᠣᠨ ᠤ᠋ ᠵᠣᠷᠢᠭᠰᠠᠨ ᠢ᠋ᠶ᠋ᠠᠷ ᠪᠣᠯᠬᠤ ᠦᠭᠡᠢ᠂ ᠫᠤᠤ ᠵᠡᠪᠰᠡᠭ ᠢ᠋ᠶ᠋ᠡᠨ ᠪᠠᠷᠣᠨ ᠤ᠋ ᠥᠭᠡᠳᠡ ᠡᠴᠡ ᠪᠠᠷᠢᠨ ᠲᠡᠮᠡᠴᠡᠨ᠎ᠡ ᠭᠡᠵᠦ ᠰᠠᠢᠬᠠᠨ ᠰᠡᠳᠬᠢᠯ ᠲᠡᠢ ᠡᠭᠡᠯ ᠮᠠᠯᠴᠢᠨ ᠡᠪᠦᠭᠡᠳ ᠶᠠᠷᠢᠳᠠᠭ ᠪᠠᠢᠵᠠᠢ᠃
ᠭᠡᠪᠡᠴᠦ ᠵᠠᠷᠢᠮ ᠳ᠋ᠠᠭᠠᠨ( ᠳ᠋ᠤ᠌ ᠪᠠᠨ)᠂ ᠪᠠᠰᠠ ᠥᠭᠡᠷ᠎ᠡ ᠵᠦᠢᠯ ᠦ᠋ᠨ ᠵᠣᠴᠢᠳ ᠢᠷᠡᠳᠡᠭ ᠪᠠᠢᠵᠠᠢ᠃ ᠨᠢᠭᠡ ᠡᠳᠦᠷ ᠡᠪᠦᠭᠡᠨ ᠢᠸᠠᠨ ᠤ᠋ ᠳ᠋ᠤ᠌ ᠠᠷᠤ ᠥᠪᠥᠷ ᠲᠡᠭᠡᠨ (ᠳ᠋ᠦ᠍ ᠪᠡᠨ) ᠫᠦᠰᠡᠲᠦ * ᠬᠦᠷᠮ᠎ᠡ ᠲᠡᠢ ᠪᠦᠳᠦᠭᠦᠨ ᠲᠠᠷᠭᠤᠨ ᠯᠠᠮᠠ ᠲᠦᠰᠢᠮᠡᠯ ᠬᠢᠶ᠎ᠡ ᠪᠡᠨ ᠳᠠᠭᠠᠭᠤᠯᠵᠤ ᠢᠷᠡᠭᠡᠳ᠂ ᠲᠣᠭᠣᠭᠠᠨ ᠤ᠋ ᠪᠠᠢᠰᠢᠩ ᠢ᠋ᠶ᠋ᠠᠷ ᠳᠡᠮᠵᠢᠵᠦ ᠬᠣᠢᠮᠣᠷ ᠥᠷᠥᠭᠡᠨ ᠳ᠋ᠦ᠍ᠨᠢ (ᠳ᠋ᠦ᠍ ᠨᠢ) ᠣᠷᠣᠬᠤ ᠳ᠋ᠠᠭᠠᠨ( ᠳ᠋ᠤ᠌ ᠪᠠᠨ)᠂ ᠮᠠᠷᠢᠶ᠎ᠠ ᠳ᠋ᠤ᠌ ᠬᠣᠭᠣᠯᠠ ᠬᠢᠬᠦ ᠳ᠋ᠦ᠍ᠨᠢ (ᠳ᠋ᠦ᠍ ᠨᠢ) ᠲᠤᠰᠠᠯᠠᠯᠴᠠᠵᠤ ᠪᠠᠢᠭᠰᠠᠨ ᠵᠠᠩ ᠱᠢ ᠶ᠋ᠢ ᠭᠢᠯᠤᠢᠨ ᠬᠠᠷᠠᠵᠤ᠂ ᠬᠣᠢᠮᠣᠷ ᠪᠠᠢᠰᠢᠩ ᠳ᠋ᠤ᠌ ᠣᠷᠣᠭᠠᠳ᠂ ᠬᠠᠳᠬᠤᠮᠠᠯ ᠭᠣᠶᠣ ᠬᠦᠬᠦᠷ ᠦ᠋ᠨ ᠢ᠋ᠶ᠋ᠡᠨ ᠰᠠᠪᠠ ᠠ᠋ᠴᠠ ᠰᠡᠢᠯᠦᠮᠡᠯ ᠬᠠᠰ ᠴᠢᠯᠠᠭᠤᠨ ᠬᠦᠬᠦᠷ ᠭᠠᠷᠭᠠᠭᠠᠳ᠂ ᠵᠡᠭᠡᠷᠭᠡᠨ᠎ᠡ ᠶ᠋ᠢᠨ ᠦᠨᠡᠰᠦᠲᠡᠢ ᠲᠥᠪᠡᠳ ᠴᠠᠭᠠᠨ ᠲᠠᠮᠠᠬᠢ ᠬᠠᠮᠠᠷ ᠢ᠋ᠶ᠋ᠠᠷ ᠢ᠋ᠶ᠋ᠠᠨ ᠱᠣᠷ ᠬᠢᠲᠡᠯ᠎ᠡ ᠲᠠᠲᠠᠵᠤ᠂ ᠠᠮᠠ ᠪᠠᠷ ᠢ᠋ᠶ᠋ᠠᠨ ᠴᠠᠭᠠᠨ ᠤᠲᠤᠭ᠎ᠠ ᠰᠢᠭ᠋ ᠮᠠᠨᠠᠷᠠᠭᠤᠯᠤᠨ ᠦᠯᠢᠶᠡᠪᠡ᠃ ᠲᠡᠭᠡᠭᠡᠳ ᠫᠧᠳ᠋ᠷᠤᠸᠨᠠ ᠠ᠋ᠴᠠ᠂
— ᡀᠠ ᠪᠡᠢᠰᠡ ᠨᠣᠶᠠᠨᠲᠠᠨ ᠤ᠋ ᠬᠣᠰᠢᠭᠤ ᠠ᠋ᠴᠠ ᠵᠣᠯᠢᠭ ᠲᠤ᠌ ᠭᠠᠷᠤᠭᠠᠳ᠂ ᠬᠢᠲᠠᠳ ᠡᠬᠡᠨᠡᠷ ᠲᠡᠢ ᠪᠣᠯᠵᠤ ᠢᠷᠡᠭᠰᠡᠨ ᠨᠢᠭᠡ ᠮᠣᠩᠭᠣᠯ ᠬᠥᠮᠦᠨ ᠲᠠᠨᠠᠢᠳᠤ (ᠲᠠᠨ ᠤ᠋ ᠳ᠋ᠤ᠌) ᠰᠠᠭᠤᠵᠤ ᠪᠠᠢᠭ᠎ᠠ ᠰᠤᠷᠠᠭ ᠲᠠᠢ᠃ ᠲᠡᠷᠡ ᠦᠨᠡᠨ ᠤᠤ? ᠭᠡᠵᠦ ᠠᠰᠠᠭᠤᠪᠠ᠃
— ᠮᠠᠨ ᠤ᠋ ᠨᠢᠭᠡ ᠰᠠᠢᠨ ᠲᠠᠨᠢᠳᠠᠭ ᠬᠥᠮᠦᠨ ᠦ᠌ ᠬᠦᠦ᠂ ᠭᠡᠷᠭᠡᠢ ᠬᠡᠦᠬᠡᠳ ᠲᠡᠢ ᠪᠡᠨ ᠮᠠᠨᠠᠢᠳᠤ(ᠮᠠᠨ ᠤ᠋ ᠳ᠋ᠤ᠌)ᠰᠠᠭᠤᠵᠤ ᠪᠠᠢᠭ᠎ᠠ ᠳᠠ ᠭᠡᠵᠦ ᠲᠡᠷᠡ ᠰᠠᠢᠬᠠᠨ ᠰᠠᠨᠠᠭᠠᠲᠤ ᠡᠮᠡᠭᠡᠨ ᠦ᠌ ᠬᠠᠷᠢᠭᠤᠯᠬᠤ ᠳ᠋ᠤ᠌᠂
— ᠲᠠᠨᠠᠢᠳᠤ (ᠲᠠᠨ ᠤ᠋ ᠳ᠋ᠤ᠌) ᠶᠠᠭᠤ ᠬᠢᠵᠦ ᠰᠠᠭᠤᠳᠠᠭ ᠬᠥᠮᠦᠨ ᠪᠢᠯᠡ? ᠲᠠᠨᠠᠢᠳᠤ(ᠲᠠᠨ ᠤ᠋ ᠳ᠋ᠤ᠌) ᠤᠳᠠᠬᠤ ᠬᠥᠮᠦᠨ ᠤᠤ ᠲᠡᠷᠡ? ᠭᠡᠵᠦ ᠯᠠᠮᠠ ᠲᠦᠰᠢᠮᠡᠯ ᠲᠠᠮᠠᠬᠢ ᠲᠠᠲᠠᠭᠰᠠᠭᠠᠷ ᠬᠥᠬᠡ ᠤᠯᠠᠭᠠᠨ ᠪᠣᠯᠤᠭᠰᠠᠨ ᠬᠠᠮᠠᠷ ᠢ᠋ᠶ᠋ᠠᠷ ᠢ᠋ᠶ᠋ᠠᠨ ᠬᠡᠢ ᠲᠡᠳᠡᠨ ᠠᠰᠠᠭᠤᠪᠠᠰᠤ᠂
— ᠮᠠᠨᠠᠢ(ᠮᠠᠨ ᠤ᠋) ᠬᠦᠦ ᠪᠡᠷ ᠡᠮᠴᠢᠯᠡᠭᠦᠯᠬᠦ ᠭᠡᠵᠦ ᠢᠷᠡᠭᠡᠳ᠂ ᠮᠠᠨᠠᠢᠳᠤ (ᠮᠠᠨ ᠤ᠋ ᠳ᠋ᠤ᠌) ᠪᠠᠢᠵᠤ ᠪᠠᠢᠭ᠎ᠠ ᠶᠤᠮ ᠳᠠ ᠭᠡᠵᠦ ᠬᠠᠷᠢᠭᠤᠯᠬᠤ ᠳ᠋ᠤᠨᠢ(ᠳ᠋ᠤ᠌ ᠨᠢ)᠂
— ᠲᠡᠭᠡᠪᠡᠯ᠂ ᠣᠳᠣ ᠬᠠᠮᠢᠭ᠎ᠠ ᠪᠠᠢᠨ᠎ᠠ? ᠭᠡᠵᠦ᠂
— ᠣᠳᠣ᠂ ᠬᠥᠯ ᠦ᠋ᠨ ᠢ᠋ᠶ᠋ᠡᠨ ᠴᠢᠯᠡᠭᠡ ᠭᠠᠷᠭᠠᠬᠤ ᠭᠡᠵᠦ ᠭᠠᠳᠠᠭ᠎ᠠ ᠲᠦᠷ ᠭᠠᠷᠤᠭᠰᠠᠨ ᠪᠣᠯᠪᠠᠤ(ᠪᠣᠯᠪᠠ ᠤᠤ) ᠳᠠ ᠭᠡᠳ ᠡᠮᠡᠭᠡᠨ ᠲᠡᠷᠡ ᠯᠠᠮᠠ ᠶ᠋ᠢᠨ ᠡᠯᠳᠡᠪ ᠢ᠋ᠶ᠋ᠡᠷ ᠱᠠᠯᠠᠭᠠᠨ ᠠᠰᠠᠭᠤᠬᠤ ᠠ᠋ᠴᠠ ᠨᠢ ᠰᠠᠯᠬᠤ ᠭᠡᠵᠦ ᠶᠠᠭᠠᠷᠠᠨ ᠴᠠᠭᠠᠨ ᠢᠳᠡᠭᠡ ᠲᠡᠢ ᠣᠷᠣᠰ ᠪᠣᠣᠪᠣ᠂ ᠴᠠᠢ ᠪᠠᠷᠢᠪᠠ᠃
ᠯᠠᠮᠠ ᠴᠠᠢ ᠢᠳᠡᠭᠡ ᠶ᠋ᠢ ᠨᠢ ᠲᠠᠮᠰᠢᠶᠠᠵᠤ ᠪᠠᠢᠭᠠᠳ ᠢᠳᠡᠵᠦ ᠢᠳᠡᠵᠦ᠂ ᠬᠠᠯᠠᠭᠤᠨ ᠴᠠᠢ ᠶ᠋ᠢ ᠨᠢ ᠭᠦᠵᠡᠭᠡᠯᠡᠵᠦ ᠭᠦᠵᠡᠭᠡᠯᠡᠵᠦ᠂ ᠲᠠᠭ ᠪᠣᠯᠤᠭᠰᠠᠨ ᠠᠯᠴᠢᠭᠤᠷ ᠢ᠋ᠶ᠋ᠠᠷ ᠢ᠋ᠶ᠋ᠠᠨ ᠭᠠᠪᠵᠤ ᠶ᠋ᠢᠨ ᠳᠤᠭᠤᠢ ᠰᠢᠭ᠋ ᠳᠤᠭᠤᠢ ᠰᠢᠷ᠎ᠠ ᠴᠢᠪᠠᠭᠠᠨᠴᠠ ᠨᠢᠭᠤᠷ ᠤ᠋ᠨ ᠢ᠋ᠶ᠋ᠠᠨ ᠴᠤᠪᠤᠷᠢᠬᠤ ᠬᠥᠯᠥᠰᠥ ᠠᠷᠴᠢᠪᠠ᠃ ᠭᠠᠳᠠᠨ᠎ᠠ ᠠ᠋ᠴᠠ ᠬᠦᠢᠲᠡᠨ ᠳ᠋ᠦ᠍ ᠴᠢᠷᠠᠢ ᠨᠢ ᠤᠯᠠᠭᠠᠨ ᠪᠣᠯᠤᠭᠰᠠᠨ ᠨᠠᠰᠤᠨᠪᠠᠲᠤ ᠣᠷᠣᠵᠤ ᠢᠷᠡᠭᠡᠳ᠂ ᠵᠣᠴᠢᠨ ᠯᠠᠮᠠ ᠶ᠋ᠢᠨ ᠠᠮᠤᠷ ᠮᠡᠨᠳᠦ ᠶ᠋ᠢ ᠠᠶᠠᠲᠠᠢ ᠰᠠᠢᠬᠠᠨ ᠢ᠋ᠶ᠋ᠠᠷ ᠠᠰᠠᠭᠤᠪᠠ᠃
ᠲᠦᠰᠢᠮᠡᠯ ᠯᠠᠮᠠ᠂ ᠨᠠᠰᠤᠨᠪᠠᠲᠤ ᠠ᠋ᠴᠠ ᠶᠠᠭᠠᠬᠢᠭᠠᠳ ᠮᠣᠩᠭᠣᠯ ᠬᠥᠮᠦᠨ ᠮᠥᠷᠲᠡᠭᠡᠨ᠂ ᠣᠷᠣᠰ ᠠᠢᠯ ᠳ᠋ᠤ᠌ ᠰᠠᠭᠤᠵᠤ ᠪᠠᠢᠭ᠎ᠠ ᠤᠴᠢᠷ ᠢ᠋ ᠠᠰᠠᠭᠤᠪᠠᠰᠤ᠂
— ᠬᠦᠷᠢᠶᠡᠨ ᠳ᠋ᠦ᠍ ᠭᠠᠮᠢᠩ ᠤ᠋ᠨ ᠱᠣᠷᠣᠩ ᠠ᠋ᠴᠠ ᠪᠣᠯᠵᠤ ᠪᠡᠶ᠎ᠡ ᠮᠠᠭᠤᠳᠠᠭᠠᠳ ᠡᠨᠳᠡ ᠡᠮᠴᠢᠯᠡᠭᠦᠯᠵᠦ ᠪᠠᠢᠨ᠎ᠠ᠃ ᠭᠠᠩᠳᠠᠨ ᠤ᠋ ᠡᠮᠴᠢ ᠨᠠᠷ ᠬᠥᠳᠡᠭᠡ ᠭᠠᠷᠪᠠᠯ ᠰᠠᠢᠨ ᠭᠡᠳ ᠵᠢᠷᠤᠬᠠᠢᠴᠢ ᠨᠠᠷ᠂ ᠡᠨᠡ ᠣᠷᠣᠰ ᠡᠮᠴᠢ ᠶ᠋ᠢ ᠨᠢᠭᠤᠷ ᠲᠠᠢ ᠭᠡᠵᠦ ᠠᠢᠯᠠᠳᠤᠭᠰᠠᠨ ᠪᠢᠯᠡ᠃ ᠡᠨᠡ ᠡᠮᠴᠢ ᠡᠳᠦᠷ ᠪᠦᠷᠢ ᠮᠠᠨᠠᠢᠳᠤ (ᠮᠠᠨ ᠤ᠋ ᠳ᠋ᠤ᠌) ᠣᠴᠢᠵᠤ ᠴᠢᠳᠠᠬᠤ ᠦᠭᠡᠢ ᠤᠴᠢᠷ᠂ ᠪᠢ ᠡᠳᠡᠨ ᠦ᠌ ᠳ᠋ᠦ᠍ ᠰᠠᠭᠤᠵᠤ ᠪᠠᠢᠨ᠎ᠠ ᠬᠡᠮᠡᠪᠡᠰᠦ ᠲᠡᠷᠡ ᠯᠠᠮᠠ᠂ ᠨᠠᠰᠤᠨᠪᠠᠲᠤ ᠠ᠋ᠴᠠ᠄
— ᠰᠣᠨᠣᠰᠪᠠᠯ᠂ ᠪᠠᠷᠤᠨ ᠵᠠᠩᠵᠤᠨ ᠢ᠋ ᠲᠠᠪᠤᠳᠤᠭᠠᠷ ᠪᠣᠭᠳᠠ ᠶ᠋ᠢᠨ ᠬᠤᠪᠢᠯᠭᠠᠨ ᠭᠡᠳᠡᠭ᠃ ᠲᠠ ᠲᠡᠭᠦᠨ ᠢ᠋ ᠶᠠᠭᠤ ᠭᠡᠵᠦ ᠪᠣᠳᠣᠳᠠᠭ ᠪᠣᠢ? ᠭᠡᠵᠡᠢ᠃
— ᠪᠢ ᠨᠠᠢ᠍ᠮᠠᠳᠤᠭᠠᠷ ᠪᠣᠭᠳᠠ ᠶ᠋ᠢᠨ ᠥᠴᠦᠬᠡᠨ ᠨᠢᠭᠡᠨ ᠱᠠᠪᠢ ᠪᠣᠭᠣᠯ ᠪᠢᠯᠡ᠃ ᠥᠨᠳᠥᠷ ᠪᠣᠭᠳᠠ ᠶ᠋ᠢᠨ ᠨᠠᠢ᠍ᠮᠠᠳᠤᠭᠠᠷ ᠳᠦᠷᠢ ᠶ᠋ᠢ ᠡᠷᠳᠡᠨᠢ ᠶ᠋ᠢᠨ ᠰᠢᠷᠡᠭᠡᠨ ᠳ᠋ᠦ᠍ ᠵᠠᠯᠠᠭᠰᠠᠨ ᠪᠠᠷᠤᠨ᠂ ᠶᠠᠭᠠᠬᠢᠭᠠᠳ ᠲᠡᠷᠡ ᠪᠣᠭᠳᠠ ᠶ᠋ᠢᠨ ᠲᠠᠪᠤᠳᠤᠭᠠᠷ ᠳᠦᠷᠢ ᠶ᠋ᠢᠨ ᠬᠤᠪᠢᠯᠭᠠᠨ ᠪᠣᠯᠵᠤ᠂ ᠨᠢᠭᠡ ᠪᠣᠭᠳᠠ ᠶ᠋ᠢᠨ ᠲᠠᠪᠤᠳᠤᠭᠠᠷ ᠳᠦᠷᠢ ᠨᠢ ᠨᠠᠢ᠍ᠮᠠᠳᠤᠭᠠᠷ ᠳᠦᠷᠢ ᠪᠡᠨ ᠵᠠᠯᠠᠵᠤ ᠪᠠᠢᠳᠠᠭ ᠪᠣᠯᠬᠤ ᠤᠴᠢᠷ ᠢ᠋ ᠴᠠᠰᠤᠨ ᠵᠢᠷᠦᠬᠡ ᠲᠡᠢ᠂ ᠤᠰᠤᠨ ᠨᠢᠳᠦ ᠲᠡᠢ ᠨᠠᠳᠠ ᠰᠢᠭ᠋ ᠶᠢᠷᠲᠢᠨᠴᠦ ᠶ᠋ᠢᠨ ᠡᠭᠡᠯ ᠲᠥᠷᠥᠯᠬᠢᠲᠡᠨ ᠮᠡᠳᠡᠬᠦ ᠴᠢᠳᠠᠯ ᠤᠬᠠᠭᠠᠨ ᠬᠦᠷᠬᠦ ᠦᠭᠡᠢ ᠪᠠᠢᠨ᠎ᠠ᠃ ᠪᠠᠰᠠ ᠰᠣᠨᠣᠰᠪᠠᠯ᠂ ᠮᠠᠨᠵᠤᠰᠢᠷᠢ ᠪᠠᠭᠰᠢ᠂ ᠡᠨᠡ ᠲᠤᠬᠠᠢ ᠥᠭᠡᠷ᠎ᠡ ᠪᠡᠷ ᠠᠢᠯᠠᠳᠳᠠᠭ ᠭᠡᠨ᠎ᠡ ᠪᠢᠯᠡ᠃ ᠲᠠ ᠨᠠᠳᠠᠳᠤ (ᠨᠠᠳᠠ ᠳ᠋ᠤ᠌) ᠡᠭᠦᠨ ᠦ᠌ ᠤᠴᠢᠷ ᠢ᠋ ᠬᠠᠷᠢᠨ ᠰᠤᠷᠭᠠᠨ ᠰᠡᠩᠬᠡᠷᠡᠭᠦᠯᠵᠦ ᠠᠢᠯᠠᠳᠤᠨᠠᠤ(ᠠᠢᠯᠠᠳᠤᠨ᠎ᠠ ᠤᠤ)? ᠭᠡᠪᠡᠯ᠂ ᠲᠡᠷᠡ ᠯᠠᠮᠠ ᠮᠤᠬᠤᠷᠳᠠᠨ ᠵᠠᠢᠮᠤᠷᠠᠭᠤᠯᠵᠤ ᠥᠭᠡᠷ᠎ᠡ ᠶᠠᠭᠤᠮ᠎ᠠ ᠶᠠᠷᠢᠵᠤ ᠡᠬᠢᠯᠡᠯ᠎ᠡ᠃
ᠨᠠᠰᠤᠨᠪᠠᠲᠤ᠂ ᠲᠡᠷᠡ ᠯᠠᠮᠠ ᠲᠠᠢ ᠮᠠᠭᠤᠳᠠᠯᠴᠠᠬᠤ ᠦᠭᠡᠢ ᠶ᠋ᠢ ᠪᠣᠳᠣᠵᠤ᠂ ᠪᠠᠰᠠ ᠬᠠᠷᠠᠳᠠᠨ ᠰᠡᠵᠢᠭᠯᠡᠬᠦ ᠶ᠋ᠢ ᠨᠢ ᠲᠠᠰᠤᠯᠬᠤ ᠭᠡᠵᠦ ᠨᠢᠭᠡ ᠬᠠᠳᠠᠭ᠂ ᠬᠢᠲᠠᠳ ᠮᠥᠩᠭᠥᠨ ᠶᠠᠩᠴᠢᠶᠠᠨ ᠤ᠋ ᠬᠠᠮᠲᠤ ᠭᠠᠷᠭᠠᠵᠤ ᠪᠠᠷᠢᠭᠠᠳ᠂ ᠮᠢᠨᠦ ᠡᠪᠡᠳᠴᠢᠨ ᠡᠮᠭᠡᠭ ᠲᠦᠷᠭᠡᠨ ᠢᠯᠠᠷᠢ ᠪᠣᠯᠬᠤ ᠶ᠋ᠢᠨ ᠲᠤᠬᠠᠢ ᠲᠠᠨ ᠳ᠋ᠤ᠌ ᠵᠠᠯᠪᠠᠷᠢᠨ ᠳᠠᠭᠠᠳᠬᠠᠶ᠎ᠠ᠃ ᠲᠠ ᠠᠳᠢᠰᠯᠠᠨ ᠰᠣᠶᠣᠷᠬ᠎ᠠ ᠭᠡᠪᠡᠯ᠂ ᠲᠡᠷᠡ ᠯᠠᠮᠠ ᠬᠠᠳᠠᠭ ᠮᠥᠩᠭᠥ ᠶ᠋ᠢ ᠳᠤᠷᠠᠲᠠᠶ᠎ᠠ ᠬᠣᠷᠢᠶᠠᠨ ᠠᠪᠴᠤ᠂ ᠨᠢᠭᠡ ᠶᠠᠭᠤᠮ᠎ᠠ ᠤᠩᠰᠢᠬᠤᠢᠴᠠ ᠪᠠᠨ ᠪᠣᠯᠤᠭᠠᠳ᠂ ᠨᠠᠰᠤᠨᠪᠠᠲᠤ ᠶ᠋ᠢ ᠠᠳᠢᠰᠯᠠᠭᠠᠳ ᠮᠣᠷᠳᠠᠵᠠᠢ᠃
ᠯᠠᠮᠠ ᠶ᠋ᠢ ᠶᠠᠪᠤᠭᠰᠠᠨ ᠬᠣᠢᠨ᠎ᠠ ᠨᠡᠬᠡᠢᠲᠦ ᠢᠨᠢᠶᠡᠨ ᠥᠭᠦᠯᠡᠷᠦᠨ᠂
— ᠴᠢ ᠰᠠᠢ᠍ᠢ(ᠰᠠᠶᠢ) ᠶ᠋ᠢᠨ ᠯᠠᠮᠠ ᠳ᠋ᠤ᠌ ᠬᠠᠳᠠᠭ ᠶᠠᠩᠴᠢᠶᠠᠨ ᠪᠠᠷᠢᠵᠤ᠂ ᠠᠳᠢᠰ ᠭᠤᠶᠤᠨ ᠳᠠᠭᠠᠳᠬᠠᠭᠰᠠᠨ ᠴᠢᠨᠢ ᠮᠠᠰᠢ ᠰᠠᠢᠨ ᠠᠷᠭ᠎ᠠ᠂ ᠲᠡᠷᠡ ᠯᠠᠪ ᠴᠢᠮᠠᠶ᠋ᠢ (ᠴᠢᠮ᠎ᠠ ᠶ᠋ᠢ) ᠳᠠᠩᠰᠠᠨ ᠦᠵᠡᠬᠦ ᠭᠡᠵᠦ ᠢᠷᠡᠭᠰᠡᠨ ᠪᠠᠢᠬᠤ ᠰᠢᠦ᠃ ᠵᠠ᠂ ᠭᠠᠢᠭᠤᠢ ᠳᠠ᠂ ᠤᠳᠠᠬᠤ ᠦᠭᠡᠢ ᠮᠠᠨᠠᠢᠬᠢᠨ (ᠮᠠᠨ ᠤ᠋ ᠬᠢᠨ) ᠦ᠌ ᠪᠠᠶᠠᠷ ᠬᠥᠷ ᠪᠣᠯᠬᠤ ᠴᠠᠭ ᠠᠢᠰᠤᠢ᠃ ᠤᠯᠠᠭᠠᠨ ᠴᠡᠷᠢᠭ᠂ ᠮᠣᠩᠭᠣᠯ ᠤ᠋ᠨ ᠠᠷᠠᠳ ᠲᠦᠮᠡᠨ ᠳ᠋ᠦ᠍ ᠲᠤᠰᠠᠯᠠᠵᠤ᠂ ᠴᠠᠭᠠᠨ ᠨᠠᠮ ᠤ᠋ᠨ ᠪᠤᠵᠠᠷ ᠡᠲᠡᠭᠡᠳ ᠢ᠋ ᠭᠠᠷ ᠬᠥᠯ ᠪᠣᠯᠤᠭᠰᠠᠨ ᠡᠲᠡᠭᠡᠳ ᠦ᠋ᠨ ᠬᠠᠮᠲᠤ ᠦᠯᠳᠡᠨ ᠠᠷᠢᠯᠭᠠᠬᠤ ᠴᠠᠭ ᠬᠣᠯᠠ ᠦᠭᠡᠢ ᠭᠡᠵᠡᠢ᠃
— — — —
* ᠫᠦᠰᠡ ᠭᠡᠵᠦ ᠠᠷᠤ ᠥᠪᠥᠷ ᠬᠣᠶᠠᠷ ᠲᠤ᠌ ᠪᠠᠨ ᠮᠥᠨ ᠬᠣᠶᠠᠷ ᠮᠥᠷᠦᠨ ᠳ᠋ᠡᠭᠡᠨ( ᠳ᠋ᠦ᠍ ᠪᠡᠨ)ᠬᠠᠳᠠᠳᠠᠭ ᠬᠡᠷᠬᠡᠮ ᠵᠡᠷᠭᠡ ᠶ᠋ᠢᠨ ᠲᠡᠮᠳᠡᠭ ᠪᠠᠢᠵᠠᠢ᠃
ᠦᠰᠦᠭ ᠠᠮᠢᠯᠠᠭᠤᠯᠤᠭᠴᠢ᠄ ᠣᠶᠤᠨᠪᠢᠯᠢᠭ᠌᠂ ᠤᠢᠭᠤᠷᠵᠢᠨ· ᠣᠳᠬᠣᠨᠪᠠᠪᠠ᠂ ᠪᠠᠳᠮᠠᠰᠡᠴᠡᠨ᠂ ᠲᠠᠪᠤᠨ ᠤᠰᠤ
ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠪᠠᠯ
