ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠨᠠᠢ᠍ᠮᠠ> Хан мунын сүүрс < доорд > – Мөнх зохиоов ᠂ Гутгаар бодь – Гуравдугаар бүлэг <8> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠨᠠᠢ᠍ᠮᠠ> Хан мунын сүүрс < доорд > – Мөнх зохиоов ᠂ Гутгаар бодь – Гуравдугаар бүлэг <8>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠨᠠᠢ᠍ᠮᠠ> Хан мунын сүүрс < доорд > – Мөнх зохиоов ᠂ Гутгаар бодь – Гуравдугаар бүлэг <8>

ᠠᠩᠭᠢᠯᠠᠯ:ᠲᠤᠭᠤᠵᠢ ᠷᠣᠮᠠᠨ
2025-03-04

291

ᠭᠤᠲᠠᠭᠠᠷ ᠪᠣᠲᠢ – ᠭᠤᠷᠪᠠᠳᠤᠭᠠᠷ ᠪᠦᠯᠦᠭ <ᠨᠠᠢ᠍ᠮᠠ>


               ᠨᠠᠢ᠍ᠮᠠ  

       ᠲᠠᠪᠤᠨ ᠰᠠᠷ᠎ᠠ ᠶ᠋ᠢᠨ ᠰᠢᠨ᠎ᠡ ᠶ᠋ᠢᠨ ᠲᠠᠪᠤᠨ ᠤ᠋ ᠥᠷᠯᠥᠭᠡᠭᠦᠷ ᠪᠯᠠᠮᠤ ᠡᠷᠲᠡ ᠪᠣᠰᠴᠤ ᠴᠠᠢ ᠶ᠋ᠢᠨ ᠮᠣᠳᠣᠨ ᠤ᠋ ᠵᠢᠯᠠᠭ᠎ᠠ ᠰᠢᠪᠲᠤᠷᠠᠵᠤ᠂ ᠬᠡᠳᠦᠨ ᠮᠥᠴᠢᠷ ᠨᠣᠢᠲᠠᠨ ᠠᠭᠠᠷᠤ(ᠠᠷᠴᠠ) ᠬᠤᠭᠤᠯᠵᠤ ᠠᠪᠤᠨ ᠠᠷᠤ ᠡᠩᠭᠡᠷ ᠦ᠋ᠨ ᠰᠢᠷᠢᠩᠬᠡᠨ ᠳᠣᠲᠣᠷ᠎ᠠ ᠠ᠋ᠴᠠ ᠵᠤᠮᠠᠭᠠᠭᠰᠠᠨ ᠠᠭᠢ ᠪᠠᠨ ᠬᠣᠷᠮᠣᠢᠯᠠᠭᠠᠳ《ᠡᠮ ᠪᠣᠯ᠂ ᠲᠣᠮ ᠪᠣᠯ》 ᠭᠡᠵᠦ ᠠᠮᠠᠨ ᠤᠩᠰᠢᠯᠭ᠎ᠠ ᠪᠣᠯᠤᠨ ᠪᠤᠴᠠᠵᠤ ᠬᠠᠷᠢᠬᠤ ᠳ᠋ᠤ᠌ ᠣᠳᠬᠣᠨ ᠬᠦᠦ— ᠠᠭᠤᠯᠠᠨᠬᠦᠦ ᠨᠢ ᠬᠣᠶᠠᠷ ᠪᠢᠷᠠᠭᠤ ᠪᠠᠨ ᠬᠥᠩᠭᠡᠯᠡᠵᠦ ᠪᠠᠷᠠᠭᠠᠳ ᠬᠡᠳᠦᠨ ᠢᠰᠢᠭᠡ ᠪᠡᠨ ᠴᠢᠮᠬᠢᠬᠦ ᠭᠡᠵᠦ ᠢᠯᠭᠠᠵᠤ ᠪᠠᠢᠯ᠎ᠠ᠃ ᠪᠯᠠᠮᠤ ᠬᠣᠷᠣᠭᠠᠨ ᠳ᠋ᠠᠭᠠᠨ ᠰᠠᠩ ᠤᠭᠤᠭᠢᠭᠤᠯᠵᠤ᠂ ᠮᠣᠳᠣᠨ ᠲᠠᠭᠱᠠᠨ ᠳᠣᠲᠣᠷ᠎ᠠ ᠲᠠᠪᠤᠨ ᠲᠠᠷᠢᠶᠠᠨ ᠦᠷ᠎ᠡ ᠬᠢᠵᠦ ᠳᠡᠭᠡᠷ᠎ᠡ ᠨᠢ ᠰᠦ ᠳᠤᠰᠤᠭᠠᠵᠤ ᠠᠷᠴᠠ ᠬᠦᠵᠢᠰ ᠦ᠋ᠨ ᠵᠦᠢᠯ ᠢ᠋ᠶ᠋ᠡᠷ ᠠᠷᠢᠭᠤᠳᠬᠠᠨ ᠦᠢᠯᠡᠳᠴᠦ᠂ ᠬᠦᠦ ᠪᠡᠨ ᠬᠠᠮᠵᠢᠵᠤ ᠢᠰᠢᠭᠡ ᠨᠦ᠍ᠭᠦᠳ ᠢ᠋ᠶ᠋ᠡᠨ ᠴᠢᠮᠬᠢᠪᠡ᠃ 
       ᠡᠨᠡ ᠦᠶ᠎ᠡ ᠳ᠋ᠦ᠍ ᠠᠭᠤᠯᠠᠨᠬᠦᠦ ᠠᠷᠪᠠᠨ ᠳᠥᠷᠪᠡᠲᠡᠢ ᠪᠣᠯᠪᠠᠴᠤ ᠠᠷᠪᠠᠨ ᠨᠠᠢ᠍ᠮᠠ ᠶᠢᠰᠦᠲᠡᠢ ᠡᠷ᠎ᠡ ᠶ᠋ᠢᠨ ᠰᠢᠨᠵᠢ ᠣᠷᠣᠵᠤ᠂ ᠪᠤᠯᠴᠢᠩ ᠰᠢᠷᠪᠥᠰᠥ ᠨᠢ ᠵᠠᠩᠭᠢᠷᠠᠨ ᠤᠷᠤᠭᠤᠯ ᠳ᠋ᠤᠨᠢ ᠤᠨᠠᠭᠠᠨ ᠰᠠᠬᠠᠯ ᠬᠠᠯᠢᠭᠤᠷᠠᠵᠠᠢ᠃ ᠠᠭᠤᠯᠠᠨᠬᠦᠦ ᠬᠡᠳᠦᠢ ᠭᠠᠭᠴᠠᠭᠠᠷ ᠢ᠋ᠶ᠋ᠠᠨ ᠦᠬᠡᠷ ᠨᠤᠭᠤᠰᠤᠯᠠᠵᠤ ᠲᠦᠳᠡᠬᠡᠨ ᠠᠷᠠᠰᠤ ᠶ᠋ᠢ ᠥᠪᠴᠢᠨ ᠮᠢᠬ᠎ᠠ ᠶ᠋ᠢ ᠨᠢ ᠨᠢᠭᠡ ᠲᠡᠢᠰᠢ ᠨᠢ ᠲᠢᠭ ᠲᠠᠭ ᠪᠣᠯᠭᠠᠴᠢᠬᠠᠳᠠᠭ ᠴᠠᠷᠢᠭᠤᠨ ᠲᠠᠮᠢᠷ ᠲᠠᠢ ᠶ᠋ᠢ ᠬᠡᠯᠡᠬᠦ ᠦᠭᠡᠢ ᠬᠤᠷᠠᠭ᠎ᠠ ᠢᠰᠢᠭᠡ ᠴᠢᠮᠬᠢᠬᠦ᠂ ᠪᠢᠷᠠᠭᠤ ᠰᠢᠳᠦᠯᠡᠩ ᠬᠥᠩᠭᠡᠯᠡᠬᠦ᠂ ᠦᠷᠢᠶ᠎ᠡ ᠳᠠᠭ᠎ᠠ ᠬᠠᠭᠠᠷᠢᠬᠤ ᠨᠠᠷᠢᠯᠢᠭ ᠴᠢᠮᠪᠠᠢ ᠠᠵᠢᠯ ᠳ᠋ᠤ᠌ ᠴᠤ᠌ ᠭᠠᠷ ᠬᠥᠩᠭᠡᠨ᠂ ᠡᠪ ᠳᠦᠢᠲᠡᠢ ᠠᠵᠢ᠃ ᠲᠡᠭᠦᠨ ᠦ᠌ ᠭᠠᠷ ᠢ᠋ᠶ᠋ᠠᠷ ᠬᠥᠩᠭᠡᠯᠡᠭᠳᠡᠭᠰᠡᠨ ᠪᠤᠲᠠ  ᠪᠤᠭ ᠮᠠᠯ ᠤ᠋ᠨ ᠠᠯᠢᠨ ᠨᠢ ᠴᠦ᠍ ᠭᠡᠳ ᠭᠠᠷ ᠲᠦᠰᠢᠳᠡᠭ ᠦᠭᠡᠢ᠃ ᠲᠡᠷᠡ ᠳᠣᠣᠷ᠎ᠠ ᠰᠡᠭᠦᠯ ᠢ᠋ᠶ᠋ᠡᠨ ᠰᠢᠷᠪᠠᠬᠤ ᠲᠡᠳᠦᠢ ᠴᠠᠭᠠᠰᠢ ᠶᠠᠪᠤᠭᠠᠳ ᠬᠡᠳᠦ ᠬᠣᠨᠣᠭᠰᠠᠨ ᠳ᠋ᠤ᠌ ᠠᠵᠢᠭ ᠦᠭᠡᠢ ᠲᠣᠭᠯᠠᠭᠠᠳ ᠭᠦᠶᠦᠴᠢᠭᠡᠳᠡᠭ᠃ ᠲᠡᠭᠡᠬᠦ ᠳ᠋ᠦ᠍ ᠬᠠᠶᠠ ᠵᠠᠷᠢᠮ ᠭᠠᠷ ᠬᠦᠨᠳᠦ ᠪᠤᠳᠤᠯᠢᠭᠤ ᠡᠷ᠎ᠡ ᠶ᠋ᠢᠨ ᠬᠥᠩᠭᠡᠯᠡᠭᠰᠡᠨ ᠮᠠᠯ ᠰᠢᠷᠬᠠᠨ ᠳ᠋ᠠᠭᠠᠨ ᠪᠣᠭᠣᠭᠳᠠᠵᠤ ᠪᠥᠭᠡᠷ᠎ᠡ ᠨᠢ ᠤᠨᠠᠴᠢᠬᠠᠭᠰᠠᠨ ᠶᠠᠭᠤᠮ᠎ᠠ ᠰᠢᠭ᠋ ᠰᠡᠭᠦᠵᠢ ᠪᠡᠨ ᠳᠠᠭᠠᠭᠠᠬᠤ ᠦᠭᠡᠢ ᠭᠣᠢᠭᠣᠷᠵᠤ᠂ ᠨᠢᠭᠡ ᠪᠣᠯ ᠬᠡᠪᠲᠡᠴᠢᠬᠡᠨ᠎ᠡ᠃ ᠵᠠᠷᠢᠮ ᠨᠢ ᠤᠮᠠᠳᠠᠭ ᠲᠤᠨᠢ ᠬᠡᠢ ᠬᠠᠪᠴᠢᠭᠤᠯᠵᠤ ᠣᠷᠬᠢᠭᠰᠠᠨ ᠠ᠋ᠴᠠ ᠨᠦᠬᠡ ᠭᠠᠷᠴᠤ ᠴᠢᠰᠤ ᠴᠤᠪᠤᠭᠠᠳ᠂ ᠬᠠᠯᠠᠭᠤᠨ ᠤ᠋ ᠴᠠᠭ ᠥᠳᠥᠵᠦ ᠦᠢᠯᠡ ᠪᠠᠷᠠᠨ᠎ᠠ᠃ ᠠᠭᠤᠯᠠᠨᠬᠦᠦ ᠬᠡᠳᠦᠢᠪᠡᠷ ᠨᠠᠰᠤ ᠪᠠᠭ᠎ᠠ ᠴᠢᠰᠤ ᠰᠢᠩᠭᠡᠨ ᠪᠣᠯᠪᠠᠴᠤ ᠡᠨᠡ ᠶᠠᠭᠤᠮᠠᠨ ᠤ᠋ ᠨᠠᠷᠢᠨ ᠤᠬᠠᠭᠠᠨ ᠢ᠋ ᠮᠡᠳᠡᠳᠡᠭ ᠪᠣᠯᠵᠠᠢ᠃ ᠲᠡᠷᠡ ᠪᠡᠷ ᠵᠠᠷᠢᠮ ᠠᠢᠯ ᠳ᠋ᠤ᠌ ᠵᠠᠯᠠᠭᠳᠠᠵᠤ ᠢᠰᠢᠭᠡ ᠬᠤᠷᠠᠭ᠎ᠠ ᠴᠢᠮᠬᠢᠬᠦ ᠪᠡᠷ ᠣᠴᠢᠪᠠᠯ ᠤᠷᠢᠳ ᠢ᠋ᠶ᠋ᠠᠷ ᠭᠡᠷ ᠦ᠋ᠨ ᠡᠵᠡᠭᠲᠡᠢ ᠡᠴᠡ《ᠡᠪᠡᠷ ᠢ᠋ ᠨᠢ ᠪᠦᠳᠦᠭᠦᠨ ᠪᠣᠯᠭᠠᠬᠤ ᠤᠤ? ᠨᠠᠷᠢᠨ ᠡᠪᠡᠷ ᠲᠡᠢ ᠦᠯᠡᠳᠡᠭᠡᠬᠦ ᠤᠤ?》 ᠭᠡᠵᠦ ᠰᠠᠨᠠᠯ ᠢ᠋ ᠨᠢ ᠠᠪᠴᠤ ᠬᠢᠨ᠎ᠡ᠃ ᠡᠪᠡᠷ ᠢ᠋ ᠨᠢ ᠰᠡᠷᠪᠡᠭᠡᠷ᠂ ᠳᠠᠷᠠᠭᠠᠷ ᠤᠬᠤᠨᠠᠨᠴᠢᠷ ᠪᠣᠯᠭᠠᠶ᠎ᠠ ᠭᠡᠪᠡᠯ ᠢᠰᠢᠭᠡ ᠴᠢᠮᠬᠢᠬᠦ ᠳ᠋ᠦ᠍ ᠪᠥᠭᠡᠨᠰᠦᠭ ᠦ᠋ᠨ ᠬᠢᠨᠢ ᠳᠣᠲᠣᠷ᠎ᠠ ᠬᠠᠯᠢᠰᠤ ᠶ᠋ᠢ ᠨᠢ ᠦᠯᠡᠳᠡᠭᠡᠵᠦ ᠨᠠᠷᠢᠨ ᠰᠤᠳᠠᠰᠤ ᠶ᠋ᠢ ᠨᠢ ᠳᠤᠲᠠᠭᠤᠬᠠᠨ ᠰᠢᠭ᠋ ᠲᠠᠰᠤᠯᠵᠤ ᠬᠣᠭᠣᠰᠣᠨ ᠤᠮᠠᠳᠠᠭ ᠢ᠋ ᠨᠢ ᠬᠡᠢ ᠬᠠᠪᠴᠢᠭᠤᠯᠬᠤ ᠦᠭᠡᠢ ᠴᠢᠮᠬᠢᠨ᠎ᠡ᠃ ᠢᠩᠭᠢᠵᠦ ᠡᠪᠯᠢᠭ ᠴᠢᠮᠬᠢᠭᠰᠡᠨ ᠢᠰᠢᠭᠡ ᠬᠣᠵᠢᠮ ᠰᠢᠲᠦ ᠭᠦᠢᠴᠡᠭᠰᠡᠨ ᠰᠡᠷᠬᠡ ᠪᠣᠯᠪᠠᠯ ᠪᠦᠳᠦᠭᠦᠨ ᠡᠪᠡᠷ ᠲᠡᠢ ᠬᠣᠩᠭᠣ ᠳᠦᠭᠦᠷᠡᠩ ᠮᠢᠬᠠᠯᠢᠭ ᠪᠣᠯᠳᠠᠭ᠃ ᠬᠢᠬᠦ ᠳ᠋ᠡᠭᠡᠨ ᠨᠢᠭᠡ ᠮᠠᠭᠤ ᠨᠢ ᠤᠬᠤᠨ᠎ᠠ ᠲᠠᠯᠪᠢᠬᠤ ᠦᠶ᠎ᠡ ᠳ᠋ᠦ᠍ ᠣᠷᠣᠭᠠᠨ ᠤ᠋ ᠢᠮᠠᠭ᠎ᠠ ᠬᠥᠭᠡᠭᠡᠵᠦ ᠴᠢᠷᠠᠢ ᠠᠯᠳᠠᠳᠠᠭ᠃ ᠬᠠᠷᠢᠨ ᠡᠭᠦᠨ ᠦ᠌ ᠳᠣᠲᠣᠷ᠎ᠠ ᠬᠠᠯᠢᠰᠤ ᠶ᠋ᠢ ᠨᠢ ᠦᠯᠡᠳᠡᠭᠡᠬᠦ ᠦᠭᠡᠢ ᠬᠠᠭᠤᠯᠵᠤ᠂ ᠨᠠᠷᠢᠨ ᠤᠲᠠᠰᠤ ᠶ᠋ᠢ ᠨᠢ ᠰᠤᠨᠲᠠᠯ᠎ᠠ ᠴᠡᠪᠡᠷᠬᠡᠨ ᠰᠤᠭᠤᠯᠪᠠᠯ ᠡᠮ᠎ᠡ ᠢᠮᠠᠭ᠎ᠠ ᠰᠢᠭ᠋ ᠨᠠᠷᠢᠬᠠᠨ ᠡᠪᠡᠷ ᠲᠡᠢ ᠬᠣᠩᠭᠣ ᠪᠠᠷ ᠢ᠋ᠶ᠋ᠠᠨ ᠬᠠᠪᠴᠢᠭᠠᠷᠳᠠᠭᠤ ᠪᠣᠯᠳᠠᠭ ᠪᠠᠢᠨ᠎ᠠ᠃  ᠠᠭᠤᠯᠠᠨᠬᠦᠦ ᠪᠣᠯ ᠣᠯᠠᠩᠬᠢ ᠳ᠋ᠠᠭᠠᠨ ᠡᠮᠦᠨᠡᠬᠢ ᠠᠷᠭ᠎ᠠ ᠪᠠᠷ ᠬᠥᠩᠭᠡᠯᠡᠳᠡᠭ ᠪᠠᠢᠯ᠎ᠠ᠃
       ᠠᠭᠤᠯᠠᠨᠬᠦᠦ ᠲᠣᠳᠣᠷᠭ᠎ᠠ ᠶ᠋ᠢᠨ ᠠᠯᠠᠭ ᠲᠠᠢ ᠰᠢᠷ᠎ᠠ ᠲᠣᠰᠣ ᠭᠥᠯᠢᠭᠡᠨᠡᠭᠰᠡᠨ ᠠᠮᠤᠰᠤ ᠢᠳᠡᠵᠦ᠂ ᠲᠠᠬᠢᠯᠭ᠎ᠠ ᠶ᠋ᠢᠨ ᠵᠦᠢᠯ ᠢ᠋ᠶ᠋ᠡᠨ ᠲᠥᠬᠥᠭᠡᠷᠴᠦ ᠥᠯᠥᠩᠲᠦ ᠶ᠋ᠢᠨ ᠳᠠᠪᠠᠭ᠎ᠠ ᠶ᠋ᠢ ᠳᠠᠪᠠᠨ ᠮᠡᠷᠭᠡᠨ ᠴᠠᠭᠠᠨ ᠯᠠᠮᠠᠬᠠᠢ ᠶ᠋ᠢᠨ ᠬᠣᠩᠭᠢᠯ ᠳ᠋ᠤ᠌ ᠣᠴᠢᠬᠤᠯ᠎ᠠ ᠯᠠᠮᠠᠪᠤᠭᠠᠢ ᠡᠵᠡᠭᠦᠢ ᠪᠠᠢᠵᠠᠢ᠃ ᠯᠠᠮᠠᠬᠠᠢ ᠶ᠋ᠢᠨ ᠬᠠᠶᠠᠭ᠎ᠠ ᠮᠠᠨᠠᠳᠠᠭ ᠭᠢᠴᠢᠢ ᠴᠢᠨᠣ᠎ᠠ ᠴᠤ᠌ ᠠᠭᠤᠯᠠᠨᠬᠦᠦ ᠶ᠋ᠢ ᠲᠠᠨᠢᠳᠠᠭ ᠪᠣᠯᠬᠣᠷ ᠲᠡᠭᠦᠨ ᠢ᠋ ᠣᠴᠢᠵᠤ ᠶᠠᠪᠤᠬᠤ ᠳ᠋ᠤᠨᠢ ᠰᠠᠭᠠᠳ ᠪᠣᠯᠳᠠᠭ ᠦᠭᠡᠢ᠃ ᠬᠣᠩᠭᠢᠯ ᠤ᠋ᠨ ᠲᠣᠲᠣᠭᠣ ᠬᠠᠳᠠᠨ ᠳ᠋ᠤ᠌ ᠡᠯᠭᠦᠭᠡᠰᠦᠲᠡᠢ ᠮᠤᠨᠠ ᠬᠠᠨ ᠤ᠋ ᠬᠥᠷᠥᠭ ᠬᠠᠷᠠᠭᠳᠠᠭ᠎ᠠ ᠦᠭᠡᠢ ᠳ᠋ᠦ᠍᠂ ᠲᠡᠷᠡ ᠮᠡᠷᠭᠡᠨ ᠴᠠᠭᠠᠨ ᠯᠠᠮᠠᠬᠠᠢ ᠰᠢᠷ᠎ᠠ ᠣᠷᠣᠢ ᠳ᠋ᠤ᠌ ᠭᠠᠷᠴᠤ ᠮᠤᠨᠠ ᠬᠠᠨ ᠤ᠋ ᠲᠠᠬᠢᠯᠭ᠎ᠠ ᠳ᠋ᠤ᠌ ᠡᠷᠲᠡᠯᠡᠨ ᠬᠥᠳᠡᠯᠪᠡ ᠭᠡᠰᠡᠨ ᠢ᠋ ᠮᠡᠳᠡᠵᠡᠢ᠃ 
       ᠠᠭᠤᠯᠠᠨᠬᠦᠦ᠂ ᠮᠡᠷᠭᠡᠨ ᠴᠠᠭᠠᠨ ᠯᠠᠮᠠᠬᠠᠢ ᠳ᠋ᠤ᠌ ᠲᠤᠰᠬᠠᠢ ᠠᠪᠴᠤ ᠢᠷᠡᠭᠰᠡᠨ ᠢᠰᠢᠭᠡᠨ ᠦ᠌ ᠪᠥᠭᠡᠨᠰᠦᠭ ᠰᠢᠭᠢᠳᠬᠡᠭᠰᠡᠨ ᠰᠢᠷ᠎ᠠ ᠲᠣᠰᠣ ᠲᠠᠢ ᠲᠣᠳᠣᠷᠭ᠎ᠠ ᠶ᠋ᠢᠨ ᠠᠮᠤᠰᠤ ᠪᠣᠯᠤᠨ ᠪᠢᠷᠠᠭᠤᠨ ᠤ᠋ ᠬᠣᠶᠠᠷ ᠪᠥᠭᠡᠨᠰᠦᠭ ᠢ᠋ ᠬᠠᠳᠠᠨ ᠬᠣᠩᠭᠢᠯ ᠳ᠋ᠤᠨᠢ ᠦᠯᠡᠳᠡᠭᠡᠵᠦ ᠲᠠᠯᠪᠢᠭᠠᠳ ᠪᠤᠷᠬᠠᠨ ᠤ᠋ ᠬᠢᠨᠢ ᠡᠮᠦᠨ᠎ᠡ ᠨᠢᠭᠡ ᠲᠠᠬᠢᠯ ᠠᠰᠠᠭᠠᠵᠤ ᠮᠥᠷᠭᠥᠪᠡ᠃ 
       ᠮᠤᠨᠠ ᠬᠠᠨ ᠤ᠋ ᠲᠠᠬᠢᠯᠭ᠎ᠠ ᠠ᠋ᠴᠠ ᠠᠷᠠᠢ ᠬᠣᠵᠢᠮᠳᠠᠵᠤ ᠬᠦᠷᠦᠭᠰᠡᠨ ᠠᠭᠤᠯᠡᠨᠬᠦᠦ ᠮᠡᠷᠭᠡᠨ ᠭᠡᠭᠡᠨᠲᠠᠨ᠂ ᠮᠡᠷᠭᠡᠨ ᠴᠠᠭᠠᠨ ᠯᠠᠮᠠᠬᠠᠢ᠂ ᠤᠮᠵᠠᠳ ᠭᠡᠪᠬᠦᠢ᠂ ᠵᠢᠩᠰᠡ ᠣᠲᠣᠭᠠᠲᠠᠳ ᠤ᠋ᠨ ᠡᠮᠦᠨᠡᠭᠦᠷ ᠠᠵᠢᠭ ᠴᠤ᠌ ᠦᠭᠡᠢ ᠶᠠᠪᠤᠵᠤ ᠮᠤᠨᠠ ᠬᠠᠨ ᠤ᠋ ᠬᠥᠷᠥᠭ ᠵᠢᠷᠤᠭ ᠤ᠋ᠨ ᠡᠮᠦᠨ᠎ᠡ ᠣᠴᠢᠵᠤ ᠰᠥᠬᠥᠷᠡᠨ ᠮᠥᠷᠭᠥᠨ᠎ᠡ᠃ ᠬᠢᠷᠬᠢᠮᠲᠡᠨ ᠨᠣᠶᠠᠳ ᠲᠡᠭᠦᠨ ᠢ᠋ ᠬᠠᠷᠠᠭᠠᠳ ᠭᠠᠢᠬᠠᠯᠳᠤᠵᠤ᠂ ᠴᠢᠬᠢ ᠴᠢᠬᠢᠨ ᠳ᠋ᠡᠭᠡᠨ ᠰᠢᠪᠡᠨᠡᠯᠳᠦᠨ《ᠡᠨᠡ ᠶᠠᠭᠠᠬᠢᠭᠰᠠᠨ ᠠᠰᠠᠮᠠᠨ ᠬᠦᠦ ᠪᠣᠢ?》  ᠭᠡᠬᠦ ᠰᠢᠭ ᠬᠠᠷᠠᠴᠠ ᠭᠦᠶᠦᠯᠭᠡᠨ ᠲᠡᠷᠡ ᠬᠠᠷ᠎ᠠ ᠬᠦᠦ ᠶ᠋ᠢ ᠰᠢᠷᠳᠡᠴᠡᠭᠡᠨ᠎ᠡ᠃ ᠬᠠᠷ᠎ᠠ ᠬᠦᠦ ᠳᠠᠯᠢᠩᠪᠤᠤ ᠬᠥᠬᠡ ᠲᠡᠷᠯᠢᠭ ᠦ᠋ᠨ ᠢ᠋ᠶ᠋ᠡᠨ ᠭᠠᠤᠯᠢᠨ ᠲᠣᠪᠴᠢ ᠶ᠋ᠢ ᠠᠯᠳᠠᠷᠠᠭᠠᠨ ᠡᠪᠦᠷ ᠡᠴᠡ ᠪᠡᠨ ᠰᠠᠭᠠᠯᠢ ᠶ᠋ᠢᠨ ᠳᠡᠭᠡᠵᠢ ᠡᠨᠡ ᠲᠡᠷᠡ ᠢᠳᠡᠭᠡᠨ ᠤᠮᠳᠠᠭᠠᠨ ᠡᠷᠭᠦᠵᠦ ᠴᠡᠩᠬᠡᠷ ᠴᠠᠭᠠᠨ ᠬᠠᠳᠠᠭ ᠳᠡᠪᠰᠢᠭᠦᠯᠪᠡ᠃ ᠲᠡᠭᠡᠭᠡᠳ ᠮᠡᠷᠭᠡᠨ ᠭᠡᠭᠡᠨ ᠪᠣᠯᠤᠨ ᠮᠡᠷᠭᠡᠨ ᠴᠠᠭᠠᠨ ᠯᠠᠮᠠᠬᠠᠢ ᠶ᠋ᠢᠨ ᠮᠣᠳᠣᠷ ᠲᠤ ᠵᠤᠯᠠᠢ ᠪᠠᠨ ᠦᠨᠦᠰᠦᠭᠦᠯᠦᠨ ᠪᠤᠴᠠᠬᠤ ᠳᠤ ᠵᠣᠳᠪᠠ ᠭᠤᠸᠠᠢ ᠲᠡᠷᠡ ᠬᠠᠷ᠎ᠠ ᠬᠦᠦ ᠶ᠋ᠢ ᠬᠠᠰᠢᠵᠤ᠄ 
       — ᠠᠯᠢ ᠰᠤᠮᠤᠨ ᠤ᠋? ᠬᠡᠨ ᠦ᠌ ᠬᠦᠦ ᠪᠣᠢ? 
       — ᠵᠢᠭᠤᠴᠢᠨ ᠰᠤᠮᠤᠨ ᠤ᠋ ᠠᠭᠤᠯᠠᠨᠬᠦᠦ! ᠭᠡᠵᠦ ᠠᠮᠠᠨ ᠠᠶ᠎ᠠ ᠪᠠᠷ ᠬᠠᠷᠢᠭᠤᠯᠪᠠ᠃ 
       —  ᠴᠢ᠁⁈ ᠭᠡᠵᠦ ᠵᠣᠳᠪᠠ ᠬᠡᠭᠵᠡᠭᠦᠬᠡᠨ ᠳᠤᠤᠭᠠᠷᠴᠤ《ᠡᠨᠡ ᠶᠠᠮᠠᠷ ᠬᠠᠮᠢᠭᠠᠰᠢ ᠪᠠᠨ ᠰᠤᠷᠲᠠᠯ ᠨᠣᠮ ᠦᠭᠡᠢ ᠬᠦᠦ ᠪᠣᠢ?》 ᠭᠡᠵᠦ ᠳᠣᠭᠰᠢᠨ ᠨᠢᠳᠦ ᠭᠥᠯᠢᠯᠵᠡᠬᠦ ᠳ᠋ᠦ᠍ ᠲᠡᠭᠦᠨ ᠦ᠌ ᠬᠠᠵᠠᠭᠤ ᠳ᠋ᠤ᠌ ᠰᠠᠭᠤᠭᠰᠠᠨ ᠡᠯᠳᠡᠩᠭᠡ᠂ ᠵᠣᠳᠪᠠ ᠶ᠋ᠢᠨ ᠬᠣᠷᠮᠣᠢ ᠶ᠋ᠢ ᠳᠠᠷᠤᠰᠬᠢᠨ《ᠮᠡᠷᠭᠡᠨ ᠭᠡᠭᠡᠨᠲᠠᠨ᠂ ᠮᠡᠷᠭᠡᠨ ᠴᠠᠭᠠᠨ ᠯᠠᠮᠠᠬᠠᠢ ᠬᠦᠷᠲᠡᠯ᠎ᠡ ᠮᠣᠳᠣᠷ ᠬᠠᠢᠷᠠᠯᠠᠵᠤ ᠪᠠᠢᠬᠤ ᠳ᠋ᠤ᠌᠁》 ᠭᠡᠰᠡᠨ ᠪᠠᠢᠳᠠᠯ ᠲᠠᠢ ᠵᠣᠳᠪᠠ ᠶ᠋ᠢ ᠣᠷᠣᠨ ᠳ᠋ᠤᠨᠢ ᠨᠠᠮ ᠰᠠᠭᠤᠯᠭᠠᠵᠤ᠄ 
       — ᠡᠨᠡ ᠬᠠᠷ᠎ᠠ ᠬᠦᠦ ᠴᠠᠭᠠᠰᠢ ᠶᠠᠪᠤᠭᠠᠴᠢ! ᠭᠡᠵᠦ ᠨᠠᠮᠬᠠᠨ ᠳᠤᠤᠭᠠᠷᠪᠠ᠃
       ᠠᠭᠤᠯᠠᠨᠬᠦᠦ ᠵᠣᠳᠪᠠ ᠶ᠋ᠢᠨ ᠬᠠᠬᠢᠷ ᠭᠡᠷᠡᠯ ᠬᠠᠷᠪᠤᠭᠰᠠᠨ ᠳᠣᠭᠰᠢᠨ ᠨᠢᠳᠦ ᠪᠣᠯᠤᠨ ᠲᠠᠲᠠᠩᠬᠠᠢᠳᠠᠨ ᠢᠨᠢᠶᠡᠬᠦ ᠳ᠋ᠦ᠍ᠨᠢ ᠢᠷᠠᠯᠵᠠᠬᠤ ᠮᠣᠷᠢᠨ ᠴᠠᠭᠠᠨ ᠰᠢᠳᠦ ᠶ᠋ᠢ ᠴᠣᠭᠣᠷᠠᠲᠠᠯ᠎ᠠ ᠬᠠᠷᠠᠵᠤ ᠠᠪᠤᠭᠠᠳ ᠳᠠᠷᠠᠭ᠎ᠠ ᠨᠢ ᠡᠯᠳᠡᠩᠭᠡ ᠳᠠᠷᠤᠭ᠎ᠠ ᠶ᠋ᠢ ᠬᠢᠯᠠᠪᠬᠢᠨ ᠰᠢᠷᠲᠡᠭᠡᠳ ᠴᠠᠭᠠᠰᠢ ᠶᠠᠪᠤᠵᠤ ᠣᠳᠪᠠ᠃ 
       ᠬᠡᠢ ᠮᠣᠷᠢ ᠳᠠᠷᠴᠤᠭ ᠳᠡᠷᠪᠡᠯᠵᠡᠨ ᠬᠡᠢᠰᠦᠭᠰᠡᠨ ᠮᠤᠨᠠ ᠶ᠋ᠢᠨ ᠰᠢᠷ᠎ᠠ ᠣᠷᠣᠢ ᠶ᠋ᠢᠨ ᠠᠷᠤ ᠬᠢᠷ᠎ᠠ ᠶ᠋ᠢᠨ ᠵᠦᠯᠭᠡᠷᠬᠡᠭ ᠳᠡᠨᠵᠢᠨ ᠳ᠋ᠦ᠍ ᠲᠠᠬᠢᠯᠭ᠎ᠠ ᠶ᠋ᠢᠨ ᠮᠥᠷᠭᠥᠯᠴᠢᠳ ᠡᠷ᠎ᠡ ᠰᠢᠯᠭᠠᠵᠤ ᠰᠠᠢᠨ ᠡᠷᠡᠰ ᠪᠠᠷᠢᠯᠳᠤᠵᠠᠭᠠᠨ᠎ᠠ᠃  ᠵᠢᠯ ᠳ᠋ᠡᠭᠡᠨ ᠡᠨᠳᠡ ᠡᠷᠡᠴᠦᠦᠯ ᠵᠦᠭᠡᠷ ᠯᠡ ᠪᠥᠬᠡ ᠶ᠋ᠢᠨ ᠰᠣᠷᠢᠶᠠᠨ ᠳ᠋ᠤ᠌ ᠮᠠᠭᠤ ᠬᠥᠯᠥᠰᠥ ᠪᠡᠨ ᠭᠠᠷᠭᠠᠵᠤ ᠪᠡᠶ᠎ᠡ ᠲᠠᠢᠪᠤᠰᠢᠷᠠᠨ ᠬᠡᠢ ᠮᠣᠷᠢ ᠪᠠᠨ ᠬᠡᠢᠰᠬᠡᠳᠡᠭ ᠲᠡᠳᠦᠢ ᠡᠴᠡ ᠪᠢᠰᠢ ᠬᠡᠨ ᠴᠦ᠍ ᠵᠣᠬᠢᠶᠠᠨ ᠪᠠᠢᠭᠤᠯᠤᠭ᠎ᠠ ᠦᠭᠡᠢ ᠶᠠᠮᠠᠷ ᠴᠤ᠌ ᠵᠦᠯᠲᠦ ᠪᠡᠯᠡᠭ ᠭᠡᠮᠡᠷ ᠶᠠᠭᠤᠮ᠎ᠠ ᠪᠠᠢᠳᠠᠭ ᠦᠭᠡᠢ᠃ ᠭᠡᠲᠡᠯ᠎ᠡ ᠥᠨᠥ ᠵᠢᠯ ᠠᠭᠤᠯᠠ ᠶ᠋ᠢᠨ ᠠᠷᠤ ᠶ᠋ᠢᠨ ᠪᠠᠶᠠᠨ ᠰᠤᠩᠷᠠᠢ ᠶ᠋ᠢᠨ ᠦᠬᠡᠷ ᠦ᠋ᠨ ᠰᠦᠷᠦᠭ ᠥᠨᠢᠷ ᠥᠰᠦᠭᠰᠡᠨ ᠡᠴᠡ ᠲᠡᠷᠢᠭᠦᠨ ᠪᠥᠬᠡ ᠳ᠋ᠦ᠍ ᠲᠤᠭᠤᠯ ᠲᠠᠢ ᠦᠨᠢᠶ᠎ᠡ᠂ ᠳᠡᠳ᠋ ᠪᠥᠬᠡ ᠳ᠋ᠦ᠍ ᠭᠤᠨᠵᠢᠨ ᠦᠨᠢᠶ᠎ᠡ᠂ ᠭᠤᠲᠠᠭᠠᠷ ᠪᠥᠬᠡ ᠳ᠋ᠦ᠍ ᠪᠢᠷᠠᠭᠤ ᠱᠠᠩᠨᠠᠨ᠎ᠠ ᠭᠡᠵᠦ ᠵᠠᠷᠯᠠᠭᠰᠠᠨ ᠪᠣᠯᠬᠣᠷ ᠡᠯ᠎ᠡ ᠰᠤᠮᠤᠨ ᠤ᠋ ᠪᠥᠬᠡᠴᠦᠦᠯ ᠪᠠᠶᠠᠨ ᠰᠤᠩᠷᠠᠢ ᠶ᠋ᠢᠨ ᠲᠤᠭᠤᠯ ᠲᠠᠢ ᠦᠨᠢᠶᠡᠨ ᠳ᠋ᠦ᠍ ᠰᠢᠨᠤᠵᠤ ᠰᠠᠢᠨ ᠳᠤᠷ᠎ᠠ ᠶ᠋ᠢᠨ ᠪᠥᠬᠡ ᠶ᠋ᠢᠨ ᠰᠣᠷᠢᠶᠠᠨ ᠳ᠋ᠤ᠌ ᠨᠡᠷ᠎ᠡ ᠮᠡᠳᠡᠭᠦᠯᠵᠦ ᠵᠠᠭᠤ ᠬᠣᠷᠢᠨ ᠨᠠᠢ᠍ᠮᠠᠨ ᠪᠥᠬᠡ ᠪᠦᠷᠢᠯᠳᠦᠪᠡ᠃  ᠡᠨᠡ ᠪᠠᠷᠲᠠᠭ᠎ᠠ ᠶᠡᠬᠡᠲᠡᠢ ᠠᠭᠤᠯᠠ ᠶ᠋ᠢᠨ ᠬᠢᠷ᠎ᠠ ᠳ᠋ᠤ᠌ ᠪᠣᠯᠤᠭᠰᠠᠨ ᠪᠥᠬᠡ ᠶ᠋ᠢᠨ ᠰᠣᠷᠢᠶᠠᠨ ᠳ᠋ᠤ᠌ ᠪᠠᠷᠠᠭᠤᠨ ᠬᠦᠩ ᠦ᠋ᠨ ᠨᠡᠷ᠎ᠡ ᠲᠡᠢ ᠪᠥᠬᠡᠴᠦᠳ ᠡᠴᠡ ᠴᠤᠭᠤᠷᠬᠠᠢ ᠭᠣᠮᠪᠣ᠂ ᠲᠣᠩᠭᠣᠷᠠᠭ᠎ᠠ ᠰᠤᠩᠳᠦᠢ᠂ ᠠᠴᠢᠶ᠎ᠠ ᠯᠣᠷᠣᠢ᠁ ᠢᠷᠡᠭᠡ ᠦᠭᠡᠢ᠃ ᠵᠥᠪᠬᠡᠨ《ᠱᠠᠵᠢᠨ ᠪᠠᠳᠠᠷᠠᠭᠤᠯᠤᠭᠴᠢ ᠰᠦᠮ᠎ᠡ》 ᠶ᠋ᠢᠨ ᠰᠢᠷᠡᠭᠡ ᠪᠠᠭᠰᠢ ᠶ᠋ᠢᠨ ᠬᠠᠪᠰᠤᠷᠤᠭ᠎ᠠ(ᠴᠣᠬᠢᠶ᠎ᠠ) ᠪᠣᠷᠣ᠂ ᠭᠡᠭᠡᠨ ᠰᠠᠩ ᠤ᠋ᠨ ᠭᠠᠳᠠᠰᠤ ᠪᠠᠳᠠᠢ ᠬᠣᠶᠠᠷ ᠯᠠ ᠬᠠᠷᠠᠭᠳᠠᠬᠤ ᠠ᠋ᠴᠠ ᠪᠠᠶᠠᠨ ᠰᠤᠩᠷᠠᠢ ᠶ᠋ᠢᠨ ᠲᠤᠭᠤᠯ ᠲᠠᠢ ᠦᠨᠢᠶ᠎ᠡ᠂ ᠭᠤᠨᠵᠢᠨ ᠦᠨᠢᠶ᠎ᠡ ᠶ᠋ᠢ ᠡᠳᠡ ᠬᠣᠶᠠᠷ ᠲᠤ ᠯᠠ ᠬᠤᠪᠢᠳᠠᠭᠤᠯᠤᠭᠰᠠᠨ ᠴᠢᠷᠠᠢ ᠭᠡᠵᠦ ᠬᠥᠮᠦᠰ ᠱᠤᠤᠭᠢᠯᠳᠤᠨ᠎ᠠ᠃ 
       ᠪᠥᠬᠡ ᠶ᠋ᠢᠨ ᠨᠤᠭᠤᠯᠭ᠎ᠠ ᠬᠡᠳᠦ ᠨᠤᠭᠤᠯᠵᠤ᠂ ᠳᠡᠭᠡᠳᠦ ᠨᠠᠢ᠍ᠮᠠ ᠶ᠋ᠢᠨ ᠳᠠᠪᠠᠭ᠎ᠠ ᠶ᠋ᠢ ᠳᠠᠪᠠᠭᠠᠳ ᠲᠦᠷᠦᠭᠦᠦ ᠳᠥᠷᠪᠡᠨ ᠪᠥᠬᠡ ᠳ᠋ᠦ᠍ ᠰᠢᠷᠡᠭᠡ ᠪᠠᠭᠰᠢ ᠶ᠋ᠢᠨ ᠬᠠᠪᠰᠤᠷᠤᠭ᠎ᠠ ᠪᠣᠷᠣ᠂ ᠭᠡᠭᠡᠨ ᠰᠠᠩ ᠤ᠋ᠨ ᠭᠠᠳᠠᠰᠤ ᠪᠠᠳᠠᠢ᠂ ᠭᠣᠣᠯ ᠰᠤᠮᠤᠨ ᠤ᠋ ᠠᠳᠢᠶ᠎ᠠ᠂ ᠵᠢᠭᠤᠴᠢᠨ ᠰᠤᠮᠤᠨ ᠤ᠋ ᠠᠭᠤᠯᠠᠨᠬᠦᠦ ᠰᠢᠯᠭᠠᠷᠠᠪᠠ᠃ ᠪᠥᠬᠡ ᠶ᠋ᠢᠨ ᠮᠥᠷᠥᠢ ᠳ᠋ᠦ᠍ ᠣᠯᠠᠨ ᠶᠠᠪᠤᠯᠴᠠᠭᠰᠠᠨ ᠬᠠᠰᠢᠷ ᠡᠷᠡᠰ ᠬᠠᠪᠰᠤᠷᠤᠭ᠎ᠠ ᠪᠣᠷᠣ᠂ ᠭᠠᠳᠠᠰᠤ ᠪᠠᠳᠠᠢ ᠬᠣᠶᠠᠷ ᠨᠢᠭᠡ ᠰᠦᠮ᠎ᠡ ᠶ᠋ᠢᠨ ᠯᠠᠮᠠ ᠪᠣᠯᠬᠣᠷ ᠠᠩᠬᠠᠨ ᠤ᠋ ᠰᠢᠪᠠᠭ᠎ᠠ ᠶ᠋ᠢ ᠬᠣᠭᠣᠷᠣᠨᠳᠣ ᠨᠢ ᠪᠠᠷᠢᠯᠳᠤᠭᠤᠯᠤᠭᠰᠠᠨ ᠦᠭᠡᠢ ᠲᠤᠰ ᠲᠤᠰ ᠨᠢᠭᠡ ᠵᠥᠭᠡᠯᠡᠨ ᠪᠣᠭᠣᠷᠰᠣᠭ ᠥᠭᠴᠦ ᠳᠡᠳ᠋ ᠲᠡᠷᠢᠭᠦᠨ ᠪᠤᠯᠢᠶᠠᠯᠳᠤᠬᠤ ᠬᠠᠲᠠᠭᠤ ᠭᠣᠭᠴᠣᠭ᠎ᠠ ᠶ᠋ᠢ ᠳᠠᠯᠳᠠ ᠦᠯᠡᠳᠡᠭᠡᠵᠡᠢ᠃ ᠭᠠᠳᠠᠰᠤ ᠪᠠᠳᠠᠢ ᠳ᠋ᠤ᠌ ᠠᠭᠤᠯᠠᠨᠬᠦᠦ ᠣᠨᠣᠭᠳᠠᠵᠤ᠂ ᠭᠣᠣᠯ ᠰᠤᠮᠤᠨ ᠤ᠋ ᠠᠳᠢᠶ᠎ᠠ ᠬᠠᠪᠰᠤᠷᠤᠭ᠎ᠠ ᠪᠣᠷᠣ ᠶ᠋ᠢᠨ ᠢᠳᠡᠰᠢ ᠪᠣᠯᠵᠤ ᠡᠪᠦᠳᠦᠭ ᠰᠥᠬᠥᠷᠡᠨ ᠪᠠᠭᠤᠵᠤ ᠥᠭᠪᠡ᠃ 
       ᠭᠠᠳᠠᠰᠤ ᠪᠠᠳᠠᠢ ᠭᠡᠭᠴᠢ ᠯᠠᠭᠰᠢ ᠪᠡᠶ᠎ᠡ ᠲᠡᠢ ᠭᠤᠴᠢ ᠶ᠋ᠢ ᠳᠠᠪᠠᠭᠰᠠᠨ ᠭᠤᠨᠠᠨ ᠪᠢᠷ᠎ᠠ ᠲᠠᠢ ᠰᠠᠢᠨ ᠪᠥᠬᠡ ᠶ᠋ᠢᠨ ᠨᠢᠭᠡ᠃ ᠪᠥᠬᠡ ᠳ᠋ᠦ᠍ ᠳᠡᠮᠡᠢ ᠲᠣᠬᠢᠲᠠᠢ ᠠᠷᠭ᠎ᠠ ᠮᠡᠬᠡ ᠭᠡᠵᠦ ᠪᠠᠢᠳᠠᠭ ᠦᠭᠡᠢ᠂ ᠠᠮᠢᠨ ᠳ᠋ᠤᠨᠢ ᠲᠤᠯᠤᠭᠰᠠᠭᠠᠷ ᠲᠠᠬᠢᠮ ᠳᠡᠭᠡᠭᠡᠳᠡᠬᠦ ᠡᠴᠡ ᠴᠠᠭᠠᠰᠢ ᠵᠠᠯᠢ ᠦᠭᠡᠢ᠃ ᠬᠠᠷ᠎ᠠ ᠴᠢᠳᠠᠯ ᠳ᠋ᠠᠭᠠᠨ ᠡᠷᠳᠦᠵᠦ ᠬᠦᠴᠦ ᠲᠡᠩᠴᠡᠭᠰᠡᠨ ᠨᠢᠭᠡ ᠲᠡᠢ ᠪᠡᠨ ᠨᠣᠣᠷᠠᠭᠠᠳ ᠰᠠᠯᠳᠠᠭ ᠦᠭᠡᠢ᠃ ᠨᠥᠭᠦᠭᠡ ᠪᠥᠬᠡ ᠶ᠋ᠢᠨ ᠢ᠋ᠶ᠋ᠡᠨ ᠵᠣᠳᠣᠭ ᠠ᠋ᠴᠠ ᠵᠤᠮᠠᠭᠠᠵᠤ ᠡᠭᠡᠮ ᠦ᠋ᠨ ᠶᠠᠰᠤ ᠶ᠋ᠢ ᠨᠢ ᠨᠤᠬᠤᠯᠠᠨ ᠲᠤᠯᠵᠤ ᠭᠦᠢᠴᠡᠭᠡᠳ ᠵᠣᠭᠰᠣᠴᠢᠬᠠᠪᠠᠯ ᠬᠣᠰᠢᠭᠤ ᠶᠠᠮᠤᠨ ᠤ᠋ ᠡᠭᠦᠳᠡᠨ ᠳ᠋ᠡᠬᠢ ᠴᠢᠯᠠᠭᠤᠨ ᠭᠠᠳᠠᠰᠤ ᠰᠢᠭ᠋᠃ ᠪᠠᠷᠤᠭ ᠤ᠋ᠨ ᠪᠥᠬᠡ ᠬᠥᠳᠡᠯᠭᠡᠵᠦ ᠴᠢᠳᠠᠳᠠᠭ ᠦᠭᠡᠢ᠂ ᠡᠷ᠎ᠡ ᠴᠢᠳᠠᠯ ᠤ᠋ᠨ ᠢ᠋ᠶ᠋ᠠᠨ ᠰᠢᠷᠭᠠᠭᠠᠨ ᠳ᠋ᠤ᠌ ᠳᠡᠪᠲᠦᠵᠦ ᠳᠡᠭᠡᠭᠰᠢ ᠭᠠᠷᠳᠠᠭ᠃ ᠲᠡᠭᠡᠭᠡᠳ ᠬᠥᠮᠦᠰ ᠲᠡᠭᠦᠨ ᠢ᠋《ᠭᠠᠳᠠᠰᠤ ᠪᠠᠳᠠᠢ》 ᠭᠡᠬᠦ ᠪᠤᠶᠤ ᠵᠠᠷᠢᠮ ᠨᠢ《ᠤᠶᠠᠭ᠎ᠠ ᠪᠥᠬᠡ》 ᠭᠡᠳᠡᠭ᠃ ᠭᠠᠳᠠᠰᠤ ᠪᠠᠳᠠᠢ ᠶ᠋ᠢ ᠡᠪᠡᠷ ᠨᠢ ᠭᠤᠷᠪᠠᠨ ᠤᠭᠯᠠᠭᠤᠷ ᠤ᠋ᠨ ᠬᠡ ᠲᠣᠭᠲᠠᠭᠰᠠᠨ ᠠᠳᠠᠷᠠᠤ ᠣᠯᠠᠨ ᠤᠨᠵᠢᠭᠠᠷ ᠣᠮᠣᠷᠤᠤ ᠲᠠᠢ ᠪᠤᠬ᠎ᠠ ᠭᠡᠪᠡᠯ ᠠᠭᠤᠯᠠᠨᠬᠦᠦ ᠲᠡᠭᠦᠨ ᠦ᠌ ᠬᠠᠵᠠᠭᠤ ᠳ᠋ᠤ᠌ ᠪᠤᠬᠠᠨᠴᠢᠷ ᠰᠢᠨᠵᠢ ᠣᠷᠣᠨ ᠪᠡᠶ᠎ᠡ ᠬᠠᠳᠠ ᠨᠢ ᠰᠢᠷᠪᠥᠰᠥ ᠪᠤᠯᠴᠢᠩ ᠢ᠋ᠶ᠋ᠠᠷ ᠵᠠᠩᠭᠢᠷᠠᠵᠤ ᠰᠤᠪᠤᠷᠭᠠᠨ ᠡᠪᠡᠷ ᠨᠢ ᠱᠣᠷᠣᠯᠵᠠᠭᠠᠳ ᠶᠠᠭᠤᠨ ᠠ᠋ᠴᠠ ᠴᠤ᠌ ᠠᠶᠤᠨ ᠰᠦᠷᠳᠡᠬᠦ ᠦᠭᠡᠢ ᠪᠣᠯᠪᠠᠴᠤ ᠵᠠᠪᠠᠵᠢᠨ ᠠ᠋ᠴᠠ ᠨᠢ ᠰᠦ ᠬᠥᠭᠡᠰᠦᠷᠡᠭᠰᠡᠨ ᠭᠡᠨᠡᠨ ᠴᠠᠭᠠᠨ ᠲᠤᠭᠤᠯ ᠵᠠᠩ ᠨᠢ ᠢᠯᠡ ᠬᠠᠷᠠᠭᠳᠠᠵᠤ ᠪᠣᠢ᠃ ᠮᠤᠨᠠ ᠲᠠᠬᠢᠯᠭ᠎ᠠ ᠶ᠋ᠢᠨ ᠣᠯᠠᠨ ᠮᠥᠷᠭᠥᠯᠴᠢᠳ ᠡᠨᠡ ᠬᠦ᠌ ᠪᠥᠬᠡ ᠶ᠋ᠢᠨ ᠮᠥᠷᠥᠢᠴᠡᠭᠡᠨ ᠳ᠋ᠦ᠍ ᠲᠣᠭᠣᠭᠰᠠᠨ ᠨᠢᠭᠡ ᠶ᠋ᠢ ᠪᠡᠨ《ᠰᠠᠢᠨ ᠡᠷ᠎ᠡ ᠶᠦᠮ ᠠ᠋》 ᠭᠡᠵᠦ ᠱᠠᠭᠰᠢᠵᠤ᠂ ᠭᠡᠨᠡᠳᠡᠭᠰᠡᠨ ᠨᠢᠭᠡ ᠳ᠋ᠦ᠍ᠨᠢ《ᠠ ᠲᠡᠭᠡᠭᠰᠡᠨ ᠪᠣᠯ᠂ ᠢᠩᠭᠢᠭᠰᠡᠨ ᠪᠣᠯ ᠠ᠋》 ᠭᠡᠵᠦ ᠮᠡᠷᠭᠡᠯᠡᠨ ᠬᠠᠷᠠᠮᠰᠠᠵᠤ ᠨᠢᠳᠦ ᠰᠡᠳᠬᠢᠯ ᠢ᠋ᠶ᠋ᠡᠨ ᠬᠤᠵᠢᠷᠯᠠᠨ ᠠᠮᠠ ᠬᠠᠭᠤᠷᠠᠢ ᠦᠭᠡᠢ ᠪᠠᠢᠯ᠎ᠠ᠃ 
       — ᠠ᠂ ᠪᠠᠢᠵᠠ ᠡᠨᠡ ᠵᠢᠭᠠᠬᠠᠨ ᠬᠦᠦ ᠪᠠᠰᠠ ᠲᠡᠭᠡᠭᠡᠳ ᠲᠦᠷᠦᠭᠦᠦ ᠳᠥᠷᠪᠡ ᠳ᠋ᠦ᠍ ᠣᠷᠣᠴᠢᠬᠠᠯ᠎ᠠ ᠳᠠ! 
       — ᠴᠠᠭᠠᠳᠤᠬᠢ ᠭᠠᠳᠠᠰᠤ ᠪᠠᠳᠠᠢ ᠳ᠋ᠤ᠌ ᠶᠠᠭᠤ ᠪᠣᠯᠬᠤ ᠪᠣᠢ ᠳᠠ! ᠭᠠᠭᠴᠠ ᠨᠢᠭᠡ ᠰᠠᠵᠢᠬᠤ ᠳ᠋ᠤ᠌ ᠳᠠᠭᠠᠭᠠᠳᠠᠭ ᠴᠤ᠌ ᠪᠣᠯ ᠲᠡᠭᠡᠭᠡᠳ ᠶᠠᠭᠠᠬᠢᠬᠤ ᠪᠣᠢ? ᠳᠠᠭᠠᠭᠠᠳᠠᠭ ᠦᠭᠡᠢ ᠴᠤ᠌ ᠪᠣᠯ ᠪᠥᠨᠲᠥᠭᠡᠷ ᠨᠢ ᠬᠡᠴᠡᠭᠦᠳᠡᠨ᠎ᠡ ᠳᠡ ᠬᠥᠭᠡᠷᠦᠬᠦᠢ᠃ 
       — ᠦᠭᠡᠢ ᠠ᠋᠂ ᠲᠡᠭᠡᠭᠡᠳ ᠠᠯᠢ ᠰᠤᠮᠤᠨ ᠤ᠋ ᠬᠢ ᠪᠣᠢ? 
       — ᠠᠯᠳᠠᠴᠢᠨ ᠤ᠋ ᠬᠢ ᠭᠡᠪᠡ ᠤᠤ ᠳᠠ! 
       — ᠪᠢᠰᠢ᠂ ᠪᠢᠰᠢ! ᠵᠢᠭᠤᠴᠢᠨ ᠤ᠋ ᠭᠡᠰᠡᠨ! 
       — ᠡᠨᠡ ᠬᠦᠦ ᠴᠤ᠌ ᠣᠪᠣᠭ᠎ᠠ ᠡᠷ᠎ᠡ ᠭᠠᠷᠤᠨ᠎ᠠ ᠪᠣᠢ! ᠬᠠᠲᠠᠭᠤ ᠬᠠᠯᠠ ᠲᠠᠢ ᠪᠥᠬᠡᠴᠦᠳ ᠲᠡᠢ ᠬᠠᠪᠢᠳᠠᠵᠤ ᠪᠠᠢᠪᠠᠯ ᠬᠠᠰᠢᠷ ᠰᠠᠭᠤᠨ᠎ᠠ ᠳᠠ?
       — ᠲᠡᠭᠡᠭᠡᠳ ᠪᠥᠬᠡ ᠥᠷᠡᠵᠠ ᠶ᠋ᠢᠨ ᠬᠣᠢᠴᠢᠰ ᠴᠤ᠌ ᠭᠡᠪᠡ ᠤᠤ ᠳᠠ? 
       — ᠵᠠ᠂ ᠲᠡᠭᠦᠨ ᠢ᠋ ᠬᠠᠷᠢᠨ ᠰᠣᠨᠣᠰᠤᠭ᠎ᠠ ᠦᠭᠡᠢ᠃  
       ᠭᠠᠳᠠᠰᠤ ᠪᠠᠨᠲᠠᠢ ᠪᠠᠨᠲᠠᠩ ᠨᠢᠷᠤᠭᠤ᠂ ᠣᠬᠣᠷᠬᠠᠨ ᠬᠥᠯ ᠲᠠᠢ ᠳ᠋ᠠᠭᠠᠨ ᠪᠡᠶ᠎ᠡ ᠪᠡᠨ ᠡᠷᠭᠦᠨ ᠮᠠᠭᠰᠢᠵᠤ ᠲᠡᠢᠯᠡᠬᠦ ᠦᠭᠡᠢ ᠶᠠᠪᠠᠭᠠᠨ ᠭᠠᠯᠠᠭᠤ ᠰᠢᠭ᠋ ᠪᠠᠭᠠᠴᠠᠭ ᠪᠠᠭᠠᠴᠠᠭ ᠭᠡᠬᠦᠢᠴᠡ ᠣᠷᠣᠨ ᠳ᠋ᠠᠭᠠᠨ ᠪᠠᠭᠠᠴᠠᠭᠠᠨᠠᠵᠤ ᠳᠡᠪᠬᠡᠷᠦᠭᠡᠳ ᠡᠪᠦᠳᠦᠭ ᠢ᠋ᠶ᠋ᠡᠨ ᠠᠯᠠᠭᠠᠳᠠᠨ ᠮᠥᠬᠥᠢᠬᠦ ᠳ᠋ᠦ᠍ᠨᠢ ᠭᠥᠯᠢᠩ ᠲᠣᠢᠮᠣᠭ ᠲᠣᠯᠣᠭᠠᠢ ᠳ᠋ᠤᠨᠢ ᠬᠥᠯᠥᠰᠥ ᠭᠢᠯᠲᠠᠭᠠᠨᠠᠨ ᠬᠤᠷᠴᠠ ᠨᠠᠷᠠᠨ ᠤ᠋ ᠣᠢᠯᠲᠠ ᠳ᠋ᠤ᠌ ᠵᠡᠰ ᠰᠢᠨᠠᠭᠠᠨ ᠲᠣᠯᠣᠭᠠᠢ ᠰᠢᠭ᠋ ᠭᠢᠯᠠᠯᠵᠠᠨ᠎ᠠ᠃ ᠲᠡᠷᠲᠡᠭᠡ ᠪᠤᠳᠤᠯᠢᠭᠤᠬᠠᠨ ᠰᠢᠭᠦᠷᠭᠡᠢ ᠳᠠᠪᠢᠯᠲᠠ ᠲᠦᠱ ᠲᠦᠱ ᠬᠢᠨ ᠨᠦᠰᠡᠷ ᠬᠦᠨᠳᠦ ᠮᠠᠭᠰᠢᠵᠤ ᠠᠢᠰᠤᠢ ᠠᠭᠤᠯᠠᠨᠬᠦᠦ ᠶ᠋ᠢ ᠪᠠᠰᠤᠩᠭᠤᠢ ᠬᠠᠷᠠᠭᠠᠳ ᠲᠣᠭᠣ ᠶᠠᠳᠠᠨ ᠪᠠᠷᠳᠠᠮ ᠪᠣᠳᠣᠯ ᠳ᠋ᠠᠭᠠᠨ ᠳᠡᠢᠯᠦᠭᠳᠡᠵᠦ《ᠠᠮᠠᠨ ᠤ᠋ ᠬᠢᠨᠢ ᠰᠦ ᠨᠢ ᠠᠷᠢᠯᠤᠭᠠᠳᠤᠢ᠂ ᠬᠣᠭᠢᠰᠣ ᠨᠢ ᠨᠣᠢᠲᠠᠨ ᠮᠠᠭᠤ ᠲᠤᠭᠤᠯ ᠢ᠋ ᠬᠣᠬᠣᠢ᠂ ᠠᠪᠠᠭ᠎ᠠ ᠮᠠᠮᠠ ᠨᠢ ᠥᠨᠥᠳᠥᠷ ᠵᠢᠭᠠᠬᠠᠨ ᠶᠠᠭᠤᠮ᠎ᠠ ᠵᠢᠭᠠᠵᠤ ᠥᠭᠭᠦᠶ᠎ᠡ ᠪᠠᠢᠵᠠ》 ᠭᠡᠵᠦ ᠳᠣᠲᠣᠷ᠎ᠠ ᠪᠠᠨ ᠪᠣᠳᠣᠭᠰᠠᠨ ᠢ᠋ᠶ᠋ᠠᠨ《ᠵᠠ ᠨᠠᠭᠠᠰᠢ ᠢᠷ᠎ᠡ!》 ᠭᠡᠰᠡᠨ ᠰᠢᠭ ᠵᠣᠳᠣᠭ ᠠ᠋ᠴᠠ ᠨᠢ ᠴᠣᠴᠢᠮᠠᠭ ᠰᠢᠭᠦᠷᠡᠩᠭᠦᠲᠡ ᠪᠡᠨ ᠨᠢᠭᠡ ᠯᠡ ᠳᠤᠭᠲᠤᠷᠴᠢᠬᠠᠶ᠎ᠠ ᠭᠡᠳ ᠭᠡᠨᠡᠳᠡᠭᠦᠯᠬᠦ ᠭᠡᠰᠡᠨ ᠴᠢᠨᠢ ᠨᠥᠭᠦᠭᠡ ᠠᠭᠤᠯᠠᠨᠬᠦᠦ ᠪᠣᠰᠤᠭ᠎ᠠ ᠬᠦᠷᠡᠩ ᠬᠠᠳᠠ ᠰᠢᠭ᠋ ᠣᠷᠣᠨ ᠠ᠋ᠴᠠ ᠪᠠᠨ ᠴᠤ᠌ ᠬᠥᠳᠡᠯᠦᠭᠰᠡᠨ ᠦᠭᠡᠢ᠃ ᠬᠠᠷᠢᠨ ᠪᠠᠳᠠᠢ ᠥᠪᠡᠷ ᠦ᠋ᠨ ᠬᠦᠴᠦᠨ ᠳ᠋ᠡᠭᠡᠨ ᠲᠠᠢᠯᠳᠠᠨ ᠳᠡᠯᠳᠦᠷᠬᠢᠯᠡᠬᠦ ᠳ᠋ᠦ᠍ ᠠᠭᠤᠯᠠᠨᠬᠦᠦ ᠳᠠᠯᠤ ᠳᠡᠭᠡᠷ᠎ᠡ ᠨᠢ ᠨᠢᠭᠡ ᠯᠡ ᠠᠯᠠᠭᠠᠳᠠᠭᠰᠠᠨ ᠳ᠋ᠤ᠌ ᠭᠠᠳᠠᠰᠤ ᠪᠠᠳᠠᠢ ᠡᠯᠢᠭᠡ ᠲᠦᠷᠦᠭᠦᠯᠡᠨ ᠰᠢᠷᠣᠢ ᠡᠮᠬᠦᠵᠦ ᠲᠠᠪᠠᠷᠴᠠᠭᠯᠠᠪᠠ᠃
       — ᠴᠢᠭᠢᠶᠡᠲᠦᠷᠦᠦ᠂ ᠴᠣᠬᠣᠮ ᠪᠠᠰᠤᠭᠰᠠᠨ ᠡᠪᠡᠰᠦ ᠪᠥᠭᠰᠡ ᠬᠠᠳᠬᠤᠪᠠ ᠭᠡᠭᠴᠢ ᠪᠣᠯᠵᠠᠢ ᠭᠡᠳ ᠭᠠᠳᠠᠰᠤ ᠪᠠᠳᠠᠢ ᠠᠭᠤᠯᠠᠨᠬᠦᠦ ᠶ᠋ᠢ ᠬᠣᠷᠣᠰᠤᠯᠲᠠᠢ ᠬᠠᠷᠠᠭᠠᠳ ᠲᠠᠢᠪᠤᠭᠤᠬᠠᠨ ᠪᠣᠰᠴᠤ ᠰᠢᠷᠣᠢ ᠲᠣᠭᠣᠰᠣ ᠪᠠᠨ ᠭᠦᠪᠢᠨ᠎ᠡ᠃ 
       — ᠬᠥᠶᠢ᠂ ᠬᠦ! ᠡᠨᠡ ᠬᠠᠷ᠎ᠠ ᠬᠦᠦ ᠪᠠᠶᠠᠨ ᠰᠤᠩᠷᠠᠢ ᠶ᠋ᠢᠨ ᠲᠤᠭᠤᠯ ᠲᠠᠢ ᠦᠨᠢᠶ᠎ᠡ ᠶ᠋ᠢ ᠠᠪᠬᠤ ᠨᠢ ᠠ᠋! 
       — ᠭᠠᠳᠠᠰᠤ ᠪᠠᠳᠠᠢ ᠶ᠋ᠢ ᠭᠠᠭᠴᠠᠬᠠᠨ ᠠᠯᠠᠭᠠᠳᠠᠭᠠᠳ ᠰᠢᠷᠣᠢ ᠡᠮᠬᠦᠭᠦᠯᠦᠭᠰᠡᠨ ᠪᠥᠬᠡ ᠤᠷᠢᠳᠤ ᠡᠮᠦᠨ᠎ᠡ ᠭᠠᠷᠤᠭ᠎ᠠ ᠦᠭᠡᠢ ᠰᠠᠨ ᠳᠠ᠃ 
       — ᠬᠣᠵᠢᠮ ᠡᠨᠡ ᠬᠦᠦ ᠴᠤ᠌ ᠪᠠᠷᠠᠭᠤᠨ ᠬᠦᠩ ᠢ᠋ ᠲᠤᠷᠭᠢᠭᠤᠯᠵᠤ᠂ ᠬᠠᠷᠢ ᠬᠣᠰᠢᠭᠤ ᠶ᠋ᠢ ᠱᠤᠤᠭᠢᠭᠤᠯᠤᠭᠰᠠᠨ ᠰᠠᠢᠨ ᠪᠥᠬᠡ ᠭᠠᠷᠤᠨ᠎ᠠ ᠪᠣᠢ᠁ ᠭᠡᠵᠦ ᠮᠥᠷᠭᠥᠯᠴᠢᠳ ᠦ᠋ᠨ ᠢᠪᠡᠬᠡᠩᠭᠦᠢ ᠬᠠᠷᠠᠴᠠ ᠠᠭᠤᠯᠠᠨᠬᠦᠦ ᠬᠦᠦ ᠶ᠋ᠢᠨ ᠪᠡᠶ᠎ᠡ ᠳᠡᠭᠡᠷ᠎ᠡ ᠱᠠᠩᠨᠠᠵᠤ ᠪᠠᠢᠨ᠎ᠠ᠃ 
       ᠮᠤᠨᠠ ᠲᠠᠬᠢᠯᠭ᠎ᠠ ᠶ᠋ᠢᠨ ᠰᠠᠢᠨ ᠳᠤᠷ᠎ᠠ ᠶ᠋ᠢᠨ ᠪᠥᠬᠡ ᠶ᠋ᠢᠨ ᠰᠣᠷᠢᠶᠠᠨ ᠳ᠋ᠤ᠌ ᠳᠡᠳ᠋ ᠲᠡᠷᠢᠭᠦᠨ ᠰᠤᠭᠤᠷᠠᠬᠤ ᠦᠵᠡᠯᠴᠡᠭᠡᠨ ᠪᠣᠯᠵᠤ ᠮᠥᠷᠭᠥᠯᠴᠢᠳ ᠦ᠋ᠨ ᠨᠢᠳᠦ ᠰᠡᠳᠬᠢᠯ ᠰᠢᠷᠡᠭᠡ ᠪᠠᠭᠰᠢ ᠶ᠋ᠢᠨ ᠬᠠᠪᠰᠤᠷᠤᠭ᠎ᠠ ᠪᠣᠷᠣ᠂ ᠠᠭᠤᠯᠠᠨᠬᠦᠦ ᠡᠨᠡ ᠬᠣᠶᠠᠷ ᠢ᠋ ᠱᠣᠷᠣᠯᠠᠵᠤ᠂ ᠰᠠᠨᠠᠭᠠᠨ ᠤ᠋ ᠭᠠᠳᠠᠭᠤᠷ ᠰᠢᠨ᠎ᠡ ᠰᠡᠳᠦᠪ ᠡᠯᠭᠦᠭᠳᠡᠨ ᠬᠥᠮᠦᠨ ᠢ᠋ ᠪᠦᠦ ᠪᠠᠰᠠ᠂ ᠳᠠᠯᠠᠢ ᠶ᠋ᠢ ᠪᠦᠦ ᠶᠠᠨᠳᠠ ᠭᠡᠳᠡᠭ ᠢ᠋ᠶ᠋ᠡᠷ ᠪᠠᠶᠠᠨ ᠰᠤᠩᠷᠠᠢ ᠶ᠋ᠢᠨ ᠲᠦᠷᠦᠭᠦᠦ ᠱᠠᠩ ᠢ᠋ ᠡᠨᠡ ᠬᠠᠷ᠎ᠠ ᠬᠦᠦ ᠭᠠᠨᠵᠤᠭᠠᠯᠠᠬᠤ ᠶᠤᠮ ᠪᠠᠢᠨ᠎ᠠ ᠭᠡᠴᠡᠭᠡᠨ ᠱᠤᠤᠭᠢᠯᠳᠤᠨ᠎ᠠ᠃ 
       ᠬᠠᠪᠰᠤᠷᠤᠭ᠎ᠠ ᠪᠣᠷᠣ ᠡᠷᠡᠦ ᠬᠠᠯᠲᠠᠷ ᠰᠠᠬᠠᠯ ᠲᠠᠢ᠂ ᠮᠥᠷᠥ ᠱᠤᠪᠲᠤᠩ ᠥᠨᠳᠥᠷᠬᠡᠦ ᠬᠠᠷ᠎ᠠ ᠪᠣᠷᠣ ᠬᠥᠷᠥᠰᠥᠯᠢᠭ ᠡᠷ᠎ᠡ᠃ ᠲᠠᠷᠴᠢᠩᠬᠠᠢ ᠪᠣᠯᠪᠠᠴᠤ ᠰᠢᠷᠪᠥᠰᠥ ᠬᠠᠲᠠᠭᠤ᠃ ᠲᠤᠯᠤᠮ ᠳ᠋ᠤ᠌ ᠴᠢᠬᠢᠭᠰᠡᠨ ᠴᠢᠯᠠᠭᠤ ᠭᠡᠮᠡᠷ ᠴᠢᠩᠭ᠎ᠠ ᠪᠤᠯᠴᠢᠩ ᠨᠢ ᠭᠦᠷᠪᠡᠢᠵᠦ᠂ ᠭᠠᠷ ᠬᠥᠯ ᠦ᠋ᠨ ᠬᠢᠨᠢ ᠬᠠᠲᠠᠭᠤ ᠨᠢ ᠬᠠᠳᠠ ᠴᠢᠯᠠᠭᠤ ᠰᠢᠭ᠋᠃ ᠲᠡᠷᠡ ᠪᠡᠷ ᠨᠢᠳᠦ ᠬᠤᠷᠴᠠ᠂ ᠪᠠᠷᠢᠴᠠ ᠴᠢᠩᠭ᠎ᠠ᠂ ᠭᠠᠷ ᠱᠠᠯᠠᠪ᠂ ᠬᠥᠯ ᠪᠣᠰᠢᠭᠣ᠃ ᠵᠥᠪ ᠰᠣᠯᠣᠭᠠᠢ ᠦᠭᠡᠢ ᠴᠣᠬᠢᠶ᠎ᠠ ᠬᠠᠪᠰᠤᠷᠤᠭ᠎ᠠ ᠬᠢᠳᠡᠭ ᠮᠡᠬᠡ ᠳ᠋ᠦ᠍ᠨᠢ ᠬᠢᠷᠢ ᠶ᠋ᠢᠨ ᠬᠥᠮᠦᠨ ᠲᠡᠰᠳᠡᠭ ᠦᠭᠡᠢ ᠣᠢᠴᠢᠳᠠᠭ᠃ ᠬᠣᠰᠢᠭᠤ ᠨᠠᠭᠠᠳᠤᠮ᠂ ᠣᠪᠣᠭᠠᠨ ᠤ᠋ ᠨᠠᠢᠷ ᠲᠤ ᠣᠯᠠᠨ ᠲᠡᠷᠢᠭᠦᠯᠡᠵᠦ᠂ ᠬᠠᠷᠢ ᠴᠢᠭᠤᠯᠭᠠᠨ ᠤ᠋ ᠨᠠᠢᠷ ᠨᠠᠭᠠᠳᠤᠮ ᠳ᠋ᠤ᠌ ᠴᠤ᠌ ᠳᠡᠭᠡᠷ᠎ᠡ ᠨᠠᠢ᠍ᠮᠠ ᠠ᠋ᠴᠠ ᠪᠠᠭᠤᠳᠠᠭ ᠦᠭᠡᠢ ᠰᠠᠢᠨ ᠪᠥᠬᠡ ᠪᠠᠢᠯ᠎ᠠ᠃  ᠬᠠᠪᠰᠤᠷᠤᠭ᠎ᠠ ᠪᠣᠷᠣ ᠮᠠᠰᠢ ᠰᠢᠷᠦᠭᠦᠨ ᠱᠠᠯᠠᠮᠠᠭ ᠣᠷᠣᠳᠠᠭ ᠠᠪᠲᠠᠯ ᠲᠠᠢ ᠪᠣᠯᠪᠠᠴᠤ ᠨᠥᠭᠦᠭᠡ ᠡᠳᠦᠭᠡᠳ ᠦ᠋ᠨ ᠢ᠋ᠶ᠋ᠡᠨ ᠬᠠᠷᠢᠭᠤ ᠮᠡᠬᠡ ᠶ᠋ᠢ ᠴᠢᠩᠳᠠ ᠰᠡᠷᠭᠡᠢᠯᠡᠵᠦ ᠴᠢᠳᠠᠳᠠᠭ ᠬᠡᠷᠰᠡᠦ ᠲᠣᠯᠣᠭᠠᠢ᠃ ᠠᠪᠤᠷᠭᠤ ᠪᠥᠬᠡ ᠴᠤ᠌ ᠪᠣᠯᠤᠭ ᠠᠩᠬᠠᠨ ᠤ᠋ ᠴᠠᠭᠠᠨ ᠬᠡᠦᠬᠡᠳ ᠪᠥᠬᠡ ᠶ᠋ᠢ ᠴᠤ᠌ ᠪᠠᠰᠤᠵᠤ ᠴᠠᠯᠠᠭᠠᠢᠳᠠᠳᠠᠭ ᠦᠭᠡᠢ ᠨᠢᠮᠪᠠᠢ ᠬᠡᠷᠰᠡᠦ ᠪᠠᠷᠢᠯᠳᠤᠵᠤ ᠴᠢᠳᠠᠳᠠᠭ ᠤ᠋ᠨ ᠨᠢᠭᠡ᠃ ᠬᠠᠪᠰᠤᠷᠤᠭ᠎ᠠ ᠪᠣᠷᠣ ᠶ᠋ᠢᠨ ᠪᠥᠬᠡ ᠶ᠋ᠢᠨ ᠲᠠᠪᠢᠯᠲᠠ ᠭᠣᠢᠳᠠ ᠴᠡᠪᠡᠷᠬᠡᠨ᠃ ᠠᠭᠠᠷ ᠲᠤ ᠨᠢᠰᠦᠭᠰᠡᠨ ᠡᠯᠢᠶ᠎ᠡ ᠰᠢᠭ ᠴᠡᠷᠪᠡᠨ᠂ ᠮᠥᠷᠥ ᠪᠡᠷ ᠢ᠋ᠶ᠋ᠡᠨ ᠨᠠᠬᠢᠯᠵᠠᠨ ᠳᠡᠷᠪᠡᠳᠡᠭ ᠨᠢ ᠬᠥᠮᠦᠰ ᠲᠦ᠍ ᠪᠤᠰᠤᠳ ᠢ᠋ ᠪᠠᠰᠤᠵᠤ ᠪᠡᠶ᠎ᠡ ᠪᠡᠨ ᠡᠷᠭᠦᠬᠦ ᠰᠠᠭᠰᠠᠭᠠᠷ ᠪᠠᠷᠳᠠᠮ ᠲᠥᠷᠥᠭᠳᠡᠯ ᠥᠭᠳᠡᠭ ᠦᠭᠡᠢ ᠠᠵᠢ᠃ ᠪᠥᠬᠡ ᠶ᠋ᠢᠨ ᠰᠣᠷᠢᠶᠠᠨ ᠳ᠋ᠤ᠌ ᠶᠠᠪᠤᠵᠤ ᠶᠡᠷᠦ ᠬᠠᠯᠠ ᠠᠮᠰᠠᠭ᠎ᠠ ᠦᠭᠡᠢ ᠠᠭᠤᠯᠠᠨᠬᠦᠦ᠂ ᠱᠠᠭᠰᠢᠭᠰᠠᠨ  ᠦᠢᠮᠡᠭᠡᠨ ᠳ᠋ᠦ᠍ ᠭᠠᠳᠠᠰᠤ ᠪᠠᠨᠳᠢ ᠶ᠋ᠢ ᠰᠢᠷᠣᠢᠲᠤᠭᠤᠯᠤᠭᠰᠠᠨ ᠳ᠋ᠠᠭᠠᠨ ᠬᠭᠢᠷᠢ ᠦᠭᠡᠢ ᠠᠷᠢᠭᠤᠨ ᠬᠡᠦᠬᠡᠳᠯᠢᠭ ᠠᠷᠠᠨᠰᠢᠨ ᠳ᠋ᠤᠨᠢ ᠪᠡᠶ᠎ᠡ ᠪᠡᠨ ᠲᠣᠭᠣᠵᠤ ᠭᠠᠢᠬᠠᠭᠤᠯᠬᠤ ᠬᠠᠵᠠᠭᠠᠢ ᠪᠣᠳᠣᠯ ᠤᠷᠭᠤᠵᠤ᠂ ᠠᠭᠤᠯᠠᠨ ᠳ᠋ᠤ᠌ ᠵᠡᠷᠯᠢᠭ ᠭᠦᠶᠦᠭᠰᠡᠨ ᠭᠤᠨ᠎ᠠ ᠶ᠋ᠢ ᠰᠡᠭᠦᠯᠳᠡᠵᠦ ᠭᠠᠭᠴᠠᠬᠠᠨ ᠰᠤᠭᠰᠤᠷᠤᠭᠠᠨ ᠳ᠋ᠤ᠌ ᠤᠨᠠᠭᠠᠴᠢᠬᠠᠳᠠᠭ ᠡᠷ᠎ᠡ ᠴᠢᠳᠠᠯ ᠢ᠋ᠶ᠋ᠠᠨ ᠭᠠᠷᠭᠠᠨ ᠤᠬᠠᠭ᠎ᠠ ᠲᠡᠩᠬᠡᠭᠡ ᠪᠡᠨ ᠰᠢᠯᠭᠠᠭᠰᠠᠭᠠᠷ ᠵᠠᠭᠤ ᠬᠣᠷᠢᠨ ᠨᠠᠢ᠍ᠮᠠᠨ ᠪᠥᠬᠡ ᠳ᠋ᠦ᠍ ᠳᠡᠳ᠋ ᠲᠡᠷᠢᠭᠦᠨ ᠦᠵᠡᠯᠴᠡᠬᠦ ᠪᠣᠯᠤᠭᠰᠠᠨ ᠳ᠋ᠠᠭᠠᠨ ᠵᠢᠷᠦᠬᠡ ᠨᠢ ᠪᠦᠳᠦᠭᠦᠷᠡᠵᠦ ᠲᠡᠷᠲᠡᠭᠡ ᠰᠠᠯᠬᠢᠨ ᠳ᠋ᠤ᠌ ᠨᠠᠢᠭᠤᠮ᠎ᠠ ᠴᠡᠷᠪᠡᠨ ᠳᠡᠪᠢᠭᠰᠡᠨ ᠬᠠᠪᠰᠤᠷᠤᠭ᠎ᠠ ᠪᠣᠷᠣ ᠶ᠋ᠢ ᠭᠠᠭᠴᠠᠬᠠᠨ ᠭᠠᠷ ᠢ᠋ᠶ᠋ᠠᠷ ᠢ᠋ᠶ᠋ᠠᠨ ᠰᠠᠵᠢᠴᠢᠬᠠᠬᠤ ᠳ᠋ᠤ᠌ ᠶᠠᠪᠤᠴᠢᠬᠠᠬᠤ ᠰᠢᠭ᠋ ᠰᠠᠨᠠᠭᠳᠠᠨ᠎ᠠ᠃ 《ᠬᠦᠦ ᠮᠢᠨᠢ᠂ ᠬᠠᠪᠰᠤᠷᠤᠭ᠎ᠠ ᠪᠣᠷᠣ ᠳ᠋ᠤ᠌ ᠬᠥᠯ ᠢ᠋ᠶ᠋ᠡᠨ ᠥᠭᠴᠦ ᠯᠡ ᠪᠣᠯᠬᠤ ᠦᠭᠡᠢ᠃ ᠲᠡᠷᠡ ᠴᠢᠨᠢ ᠲᠡᠮᠦᠷ ᠴᠣᠬᠢᠭᠤᠷ ᠰᠢᠭ᠋ ᠪᠣᠷᠪᠢ ᠴᠣᠬᠢᠬᠤ ᠳ᠋ᠤ᠌ ᠲᠣᠭᠣᠰᠣ ᠦᠵᠡᠭᠳᠡᠬᠦ ᠦᠭᠡᠢ ᠬᠤᠰᠤᠳᠠᠭ ᠳᠣᠬᠢ ᠲᠣᠯᠣᠭᠠᠢ ᠰᠢᠦ!》 ᠭᠡᠵᠦ ᠲᠡᠭᠦᠨ ᠦ᠌ ᠴᠢᠬᠢᠨ ᠳ᠋ᠦ᠍ ᠶᠠᠮᠠᠷ ᠨᠢᠭᠡᠨ ᠬᠠᠰᠢᠷ ᠪᠥᠬᠡ ᠪᠠᠢᠨ ᠪᠠᠢᠨ ᠰᠢᠪᠡᠨᠡᠬᠦ ᠰᠢᠭ ᠪᠣᠯᠪᠠᠴᠤ ᠠᠭᠤᠯᠠᠨᠬᠦᠦ ᠶ᠋ᠢᠨ ᠳᠣᠲᠣᠷ᠎ᠠ ᠡᠨᠡ ᠳᠠᠷᠴᠢᠩᠬᠠᠢ ᠪᠣᠷᠣ ᠡᠷ᠎ᠡ ᠡᠴᠡ ᠥᠴᠦᠬᠡᠨ ᠲᠡᠳᠦᠢ ᠴᠤ᠌ ᠪᠠᠯᠠᠭᠳᠠᠭ᠎ᠠ ᠦᠭᠡᠢ᠂ ᠵᠣᠳᠣᠭ ᠠ᠋ᠴᠠ ᠨᠢ ᠠᠳᠬᠤᠭᠠᠳ ᠯᠠ ᠠᠪᠤᠪᠠᠯ ᠬᠡᠢᠳᠡᠭᠦᠯᠵᠦ ᠪᠠᠢᠭᠠᠳ《ᠨᠢᠰᠬᠡᠴᠢᠬᠡᠶ᠎ᠡ》 ᠭᠡᠵᠦ ᠪᠠᠷᠢᠴᠠ ᠪᠤᠯᠢᠶᠠᠯᠳᠤᠬᠤ ᠳ᠋ᠤ᠌ ᠬᠠᠪᠰᠤᠷᠤᠭ᠎ᠠ ᠪᠣᠷᠣ ᠲᠡᠭᠦᠨ ᠦ᠌ ᠪᠣᠳᠣᠯ ᠳ᠋ᠠᠬᠢ ᠪᠠᠰᠤᠭᠰᠠᠨ《ᠵᠥᠭᠡᠯᠡᠨ ᠪᠣᠭᠣᠷᠰᠣᠭ》 ᠪᠢᠰᠢ ᠪᠠᠢᠵᠠᠢ᠃ ᠵᠣᠳᠣᠭ ᠠ᠋ᠴᠠ ᠨᠢ ᠪᠠᠷᠢᠮ᠎ᠠ ᠪᠠᠷᠢᠮ᠎ᠠ ᠵᠠᠪᠳᠤᠭᠠᠳ ᠵᠣᠳᠣᠭ ᠮᠤᠯᠲᠤᠷᠠᠬᠤ ᠳ᠋ᠤ᠌ ᠬᠠᠪᠰᠤᠷᠤᠭ᠎ᠠ ᠪᠣᠷᠣ ᠲᠡᠷᠡ ᠵᠠᠪ ᠦᠭᠡᠢ ᠵᠣᠭᠰᠣᠭᠰᠠᠨ ᠣᠷᠣᠨ ᠠ᠋ᠴᠠ ᠵᠠᠢᠯᠠᠴᠢᠬᠠᠭᠠᠳ ᠪᠣᠷᠪᠢ ᠳᠠᠭᠠᠭᠤᠯᠵᠤ ᠬᠠᠪᠰᠤᠷᠤᠭᠠᠳ ᠠᠪᠬᠤ ᠶᠤᠮ᠃ ᠲᠡᠭᠡᠵᠦ ᠪᠠᠢᠭᠠᠳ ᠳᠥᠩᠭᠡᠵᠦ ᠪᠠᠷᠢᠴᠠ ᠠᠪᠤᠭᠠᠳ ᠬᠡᠢᠳᠡᠭᠦᠯᠦᠨ ᠬᠠᠶᠠᠪᠠᠯ ᠨᠥᠭᠦᠭᠡ ᠬᠠᠪᠰᠤᠷᠤᠭ᠎ᠠ ᠪᠣᠷᠣ ᠬᠠᠷᠢᠨ ᠲᠡᠷᠲᠡᠭᠡ ᠵᠠᠢᠲᠠᠢ ᠲᠡᠭ ᠭᠡᠲᠡᠯ᠎ᠡ ᠵᠣᠭᠰᠣᠵᠤ ᠪᠤᠴᠠᠭᠠᠳ ᠬᠢᠭᠰᠡᠨ ᠳᠠᠭᠠᠷᠢᠯᠲᠠ ᠳ᠋ᠠᠭᠠᠨ ᠠᠭᠤᠯᠠᠨᠬᠦᠦ ᠶ᠋ᠢ ᠭᠡᠨᠡᠳᠡᠭᠦᠯᠦᠨ ᠠᠷᠠᠢ ᠯᠠ ᠣᠢᠴᠢᠭᠰᠠᠨ ᠦᠭᠡᠢ᠃ ᠳᠠᠬᠢᠭᠠᠳ ᠵᠣᠳᠣᠭ ᠯᠠᠪᠰᠢᠷᠠᠭᠤᠯᠤᠨ ᠬᠡᠢᠳᠡᠭᠦᠯᠦᠶ᠎ᠡ ᠭᠡᠰᠡᠨ ᠴᠢᠨᠢ ᠨᠣᠴᠣᠭᠠᠨᠠᠭᠤᠷ ᠰᠢᠭ᠋ ᠪᠡᠶ᠎ᠡ ᠳ᠋ᠦ᠍ᠨᠢ ᠨᠠᠭᠠᠯᠳᠤᠨ᠂ ᠲᠡᠭᠦᠨ ᠢ᠋ ᠪᠤᠷᠤᠭᠤ ᠬᠥᠯ ᠢ᠋ᠶ᠋ᠡᠨ ᠰᠣᠯᠪᠢᠬᠤ ᠭᠡᠬᠦ ᠵᠠᠪᠰᠢᠶᠠᠨ ᠢ᠋ ᠣᠯᠵᠤ ᠬᠠᠪᠰᠤᠷᠤᠭᠰᠠᠨ ᠳ᠋ᠤ᠌ ᠠᠭᠤᠯᠠᠨᠬᠦᠦ ᠲᠦᠰᠬᠢᠨ ᠬᠠᠵᠠᠭᠤᠯᠳᠠᠨ ᠤᠨᠠᠪᠠ᠃ 
       ᠬᠠᠪᠰᠤᠷᠤᠭ᠎ᠠ ᠪᠣᠷᠣ ᠭᠠᠵᠠᠷ ᠰᠢᠭᠦᠷᠡᠭᠡᠳ ᠪᠣᠰᠤᠭᠰᠠᠨ ᠡᠯᠢᠶ᠎ᠡ ᠰᠢᠭ ᠲᠠᠷᠪᠢᠵᠤ ᠠᠷᠢᠯᠪᠠ᠃ ᠬᠠᠷᠠᠭᠰᠠᠨ ᠬᠥᠮᠦᠰ ᠠᠭᠤᠯᠠᠨᠬᠦᠦ ᠶ᠋ᠢᠨ ᠣᠢᠴᠢᠭᠰᠠᠨ ᠳ᠋ᠤ᠌ ᠬᠠᠷᠠᠮᠰᠠᠨ ᠭᠡᠮᠰᠢᠪᠡᠴᠦ ᠲᠡᠭᠦᠨ ᠦ᠌ ᠡᠷ᠎ᠡ ᠴᠢᠳᠠᠯ ᠢ᠋ ᠭᠠᠢᠬᠠᠵᠤ《ᠬᠣᠵᠢᠮ ᠡᠨᠡ ᠬᠦᠦ ᠠᠪᠤᠷᠭᠤ ᠪᠥᠬᠡ ᠪᠣᠯᠤᠨ᠎ᠠ》 ᠭᠡᠵᠦ ᠵᠥᠩᠨᠡᠨ᠎ᠡ᠃ 
       ᠬᠠᠪᠰᠤᠷᠤᠭ᠎ᠠ ᠪᠣᠷᠣ ᠠᠭᠤᠯᠠᠨᠬᠦᠦ ᠶ᠋ᠢᠨ ᠬᠠᠵᠠᠭᠤ ᠳ᠋ᠤ᠌ ᠢᠷᠡᠵᠦ ᠲᠡᠭᠦᠨ ᠦ᠌ ᠲᠠᠢᠯᠤᠭᠰᠠᠨ ᠵᠣᠳᠣᠭ ᠤ᠋ᠨ ᠲᠣᠭᠣᠰᠣ ᠶ᠋ᠢ ᠭᠦᠪᠢᠵᠦ᠄ 
       — ᠵᠠ᠂ ᠬᠦᠦ ᠮᠢᠨᠢ ᠵᠠᠯᠠᠭᠤ ᠬᠥᠮᠦᠨ ᠦ᠌ ᠵᠠᠮ ᠤ᠋ᠨ ᠬᠦᠵᠦᠭᠦᠦ ᠤᠷᠲᠤ ᠭᠡᠳᠡᠭ᠃ ᠪᠢ ᠪᠠᠭ᠎ᠠ ᠯᠠ ᠬᠢᠴᠢᠶᠡᠭᠰᠡᠨ ᠦᠭᠡᠢ ᠪᠣᠯ ᠴᠢᠮ᠎ᠠ ᠳ᠋ᠤ᠌ ᠬᠠᠶᠠᠭᠳᠠᠨ᠎ᠠ᠃ ᠢᠯᠡᠭᠦᠦ ᠬᠡᠳᠦᠨ ᠵᠢᠯ ᠨᠠᠭᠠᠳᠤᠮ ᠤ᠋ᠨ ᠲᠣᠭᠣᠰᠣ ᠬᠥᠳᠡᠯᠭᠡᠭᠰᠡᠨ ᠦ᠌ ᠬᠤᠪᠢ ᠳ᠋ᠤ᠌ ᠶᠣᠰᠣᠲᠠᠢ ᠯᠠ ᠳᠡᠭᠡᠭᠦᠷ ᠨᠡᠷ᠎ᠡ ᠲᠡᠮᠡᠴᠡᠵᠦ᠂ ᠳᠣᠣᠭᠤᠷ ᠠᠮᠢ ᠲᠡᠮᠡᠴᠡᠯ᠎ᠡ ᠰᠢᠦ! ᠴᠢᠨᠦ ᠬᠠᠳᠠᠨ ᠲᠠᠮᠢᠷ ᠲᠠᠢ ᠬᠣᠶᠠᠷ ᠴᠠᠷᠪᠠᠭᠤ ᠶ᠋ᠢᠨ ᠴᠢᠨᠢ ᠬᠦᠴᠦᠨ ᠳ᠋ᠦ᠍ ᠬᠡᠢᠳᠡᠭᠳᠡᠨ ᠬᠡᠢᠰᠴᠢᠬᠡᠬᠦ ᠰᠢᠬᠠᠯ᠎ᠠ᠁ ᠠᠩᠬ᠎ᠠ ᠪᠠᠷᠢᠯᠳᠤᠭᠰᠠᠨ ᠵᠠᠯᠠᠭᠤ ᠬᠥᠮᠦᠨ ᠦ᠌ ᠣᠮᠣᠭ ᠢ᠋ ᠳᠠᠷᠤᠵᠤ ᠳᠠᠷᠤᠤᠬᠠᠨ ᠬᠡᠷᠰᠡᠦ ᠤᠬᠠᠭᠠᠨ ᠴᠢᠮ᠎ᠠ ᠳ᠋ᠤ᠌ ᠲᠤᠰᠠ ᠲᠠᠢ ᠭᠡᠳᠡᠭ ᠢ᠋ ᠰᠠᠨᠠᠭᠤᠯᠬᠤ ᠶ᠋ᠢᠨ ᠲᠥᠯᠥᠭᠡ ᠴᠢᠷᠮᠠᠢᠨ᠎ᠠ᠃ ᠡᠷ᠎ᠡ ᠬᠥᠮᠦᠨ ᠡᠷ᠎ᠡ ᠬᠥᠮᠦᠨ ᠳ᠋ᠡᠭᠡᠨ ᠬᠠᠢᠷᠠᠲᠠᠢ ᠭᠡᠵᠦ ᠤᠷᠢᠳᠤ ᠶ᠋ᠢᠨ ᠬᠥᠮᠦᠰ ᠶᠠᠷᠢᠳᠠᠭ ᠨᠢ ᠦᠨᠡᠨ᠃ ᠡᠷ᠎ᠡ ᠬᠥᠮᠦᠨ ᠦ᠌ ᠬᠠᠢᠷ᠎ᠠ ᠬᠠᠯᠠ ᠲᠠᠢ ᠪᠠᠢᠳᠠᠭ ᠴᠤ᠌ ᠬᠠᠯᠠ ᠨᠢ ᠡᠯᠡᠭᠳᠡᠭᠡᠳ ᠬᠠᠢᠷ᠎ᠠ ᠨᠢ ᠴᠤᠬᠤᠢᠳᠠᠭ ᠶᠤᠮ᠃ ᠲᠣᠭᠯᠠᠵᠤ ᠪᠠᠢᠭᠠᠳ ᠲᠤᠭᠤᠯ ᠠ᠋ᠴᠠ ᠪᠠᠨ ᠪᠤᠬ᠎ᠠ ᠪᠣᠯᠳᠠᠭ᠂ ᠰᠢᠷᠣᠢᠳᠠᠵᠤ ᠪᠠᠢᠭᠠᠳ ᠪᠥᠬᠡ ᠡᠴᠡ ᠪᠡᠨ ᠠᠪᠤᠷᠭᠤ ᠪᠣᠯᠳᠠᠭ ᠶᠤᠮ ᠠ᠋ ᠬᠦᠦ ᠮᠢᠨᠢ! ᠰᠠᠢᠨ ᠪᠥᠬᠡ ᠪᠣᠯᠬᠤ ᠶ᠋ᠢᠨ ᠰᠢᠨᠳᠠᠰᠤ ᠲᠠᠨᠢᠭᠳᠠᠵᠤ ᠪᠠᠢᠨ᠎ᠠ᠁ ᠭᠡᠳ ᠲᠡᠭᠦᠨ ᠦ᠌ ᠮᠥᠷᠥ ᠶ᠋ᠢ ᠲᠠᠪᠰᠢᠨ ᠥᠬᠥᠭᠡᠷᠳᠡᠪᠡ᠃ 
       ᠪᠠᠶᠠᠨ ᠰᠤᠩᠷᠠᠢ ᠪᠥᠬᠡ ᠶ᠋ᠢᠨ ᠱᠠᠩ ᠳᠠᠭᠤᠳᠠᠵᠤ ᠬᠡᠵᠢᠶ᠎ᠡ ᠬᠡᠵᠢᠶ᠎ᠡ ᠦᠬᠡᠷ ᠦ᠋ᠨ ᠣᠲᠣᠷ ᠲᠤ᠌ ᠣᠴᠢᠵᠤ ᠱᠠᠩ ᠬᠠᠢᠷᠠᠯᠠᠬᠤ ᠶ᠋ᠢ ᠲᠣᠰᠤᠭᠠᠷᠠᠢ ᠭᠡᠪᠡ᠃
       ᠦᠨᠡᠨ ᠳ᠋ᠡᠭᠡᠨ ᠪᠠᠶᠠᠨ ᠰᠣᠩᠷᠠᠢ᠂ ᠪᠥᠬᠡ ᠶ᠋ᠢᠨ ᠰᠣᠷᠢᠶᠠᠨ ᠳ᠋ᠤ᠌ ᠱᠠᠩ ᠬᠦᠷᠲᠡᠭᠡᠳᠡᠭ ᠨᠢ ᠤᠬᠠᠭᠠᠨ ᠳ᠋ᠠᠭᠠᠨ ᠴᠢᠳᠠᠯ ᠲᠡᠩᠬᠡᠭᠡ ᠲᠡᠢ ᠪᠥᠬᠡᠴᠦᠳ ᠢ᠋ ᠤᠷᠮᠠᠰᠢᠭᠤᠯᠵᠤ ᠵᠡᠷᠯᠢᠭ ᠭᠦᠶᠦᠭᠰᠡᠨ ᠪᠢᠷᠠᠭᠤ ᠬᠢᠵᠠᠯᠠᠩ ᠤ᠋ᠨ ᠪᠥᠭᠡᠨᠰᠦᠭ ᠢ᠋ ᠴᠢᠮᠬᠢᠵᠦ᠂ ᠦᠬᠡᠷ ᠢ᠋ᠶ᠋ᠡᠨ ᠲᠠᠮᠠᠭᠠᠯᠠᠬᠤ ᠰᠠᠨᠠᠭ᠎ᠠ ᠲᠠᠢ ᠠᠵᠢ᠃  


          ᠦᠰᠦᠭ ᠠᠮᠢᠯᠠᠭᠤᠯᠤᠭᠰᠠᠨ ᠨᠢ᠄ ᠲᠡᠭᠷᠢ ᠡᠵᠢ