ᠦᠷ ᠦᠨ ᠲᠤᠶᠠᠭ᠎ᠠ III – ᠪ᠂ ᠷᠢᠨᠴᠢᠨ - ᠭᠤᠷᠪᠠᠳᠤᠭᠠᠷ ᠲᠡᠪᠲᠡᠷ <ᠪᠠᠢᠯᠳᠤᠵᠤ ᠣᠯᠣᠭᠰᠠᠨ ᠡᠬᠡ ᠣᠷᠣᠨ>- ᠨᠢᠭᠡ Үүрийн туяа III – Б ᠂ Ренчин Гуравдугаар дэвтэр "Баялдаж олсон эх орон"-1
ᠨᠢᠬᠡ ᠂ ᠤᠮᠠᠷ᠎ᠠ ᠶᠢᠨ ᠴᠢᠮᠡᠭᠡ
Ciel! laube apparait! *
Le clair chant du cog les nuees;
ᠬᠥᠳᠡᠭᠡ ᠨᠤᠲᠤᠭ ᠢ᠋ᠶ᠋ᠠᠷ ᠲᠦᠭᠰᠢᠭᠦᠷᠢ ᠲᠡᠢ ᠪᠣᠯᠤᠯ᠎ᠠ᠃ ᠳ᠋ᠠ ᠬᠦᠷᠢᠶ᠎ᠡ ᠡᠴᠡ ᠭᠠᠮᠢᠩ ᠴᠢᠨᠳᠠᠷᠤᠤ ᠶ᠋ᠢ ᠬᠥᠭᠡᠭᠡᠵᠦ ᠭᠠᠷᠭᠠᠭᠠᠳ᠂ ᠤᠮᠠᠷ᠎ᠠ ᠶ᠋ᠢ ᠪᠠᠢᠯᠳᠤᠨ ᠳᠠᠢᠯᠠᠷ᠎ᠠ ᠣᠳᠬᠤ ᠶ᠋ᠢ ᠵᠠᠪᠳᠤᠨ ᠪᠠᠢᠭ᠎ᠠ ᠲᠣᠭᠰᠢᠨ ᠪᠠᠷᠣᠨ ᠵᠠᠩᠵᠤᠨ ᠢᠩᠭᠢᠬᠦ ᠲᠡᠭᠡᠬᠦ ᠭᠡᠵᠦ ᠪᠠᠢᠨ᠎ᠠ ᠭᠡᠵᠦ ᠡᠯᠳᠡᠪ ᠴᠤᠤ ᠳᠠᠮ ᠦᠭᠡ ᠲᠠᠷᠬᠠᠵᠤ᠂ ᠣᠯᠠᠨ ᠤ᠋ ᠰᠡᠳᠬᠢᠯ ᠦᠢᠮᠡᠭᠦᠯᠪᠡ᠃ ᠪᠠᠷᠣᠨ ᠤ᠋ ᠴᠡᠷᠢᠭ ᠲᠦ᠍ ᠡᠷᠡᠴᠦᠳ ᠢ᠋ ᠳᠠᠢᠴᠢᠯᠠᠨ ᠲᠠᠲᠠᠬᠤ ᠰᠤᠷᠠᠭ ᠲᠠᠢ ᠭᠡᠵᠦ ᠠᠮᠢᠲᠠᠨ ᠳᠤᠷ᠎ᠠ ᠦᠭᠡᠢᠴᠡᠨ ᠰᠢᠪᠠᠷ ᠠᠪᠢᠷ ᠬᠡᠯᠡᠯᠴᠡᠬᠦ ᠪᠣᠯᠪᠠ᠃
ᠤᠯᠢᠶᠠᠰᠤᠲᠠᠢ᠂ ᠵᠠᠶᠠᠭ᠎ᠠ ᠶ᠋ᠢᠨ ᠸᠠᠶᠤᠤᠷ᠂ ᠣᠷᠣᠰ ᠬᠤᠳᠠᠯᠳᠤᠭᠠᠴᠢᠨ ᠤ᠋ ᠬᠥᠳᠡᠭᠡ ᠰᠠᠭᠤᠬᠤ ᠭᠠᠵᠠᠷ᠂ ᠪᠡᠶ᠎ᠡ ᠪᠡᠨ ᠴᠠᠭᠠᠨ ᠣᠷᠣᠰ ᠭᠡᠵᠦ ᠨᠡᠷᠡᠯᠡᠳᠡᠭ ᠤᠯᠤᠰ ᠪᠣᠢ ᠪᠤᠯᠵᠠᠭᠠᠵᠤ᠂ ᠬᠢᠲᠠᠳ ᠬᠤᠳᠠᠯᠳᠤᠭᠠᠴᠢᠨ ᠤ᠋ ᠫᠦᠰᠡ᠂ ᠡᠩ ᠦ᠋ᠨ ᠨᠣᠮᠣᠬᠠᠨ ᠲᠠᠷᠢᠶᠠᠴᠢᠨ ᠢᠷᠭᠡᠨ ᠦ᠌ ᠬᠦᠢ ᠶ᠋ᠢ ᠳᠡᠭᠡᠷᠡᠮᠯᠡᠨ ᠲᠣᠨᠣᠵᠤ᠂ ᠮᠠᠯᠴᠢᠨ ᠠᠢᠯ ᠤ᠋ᠨ ᠠᠳᠤᠭᠤ ᠬᠣᠨᠢ ᠶ᠋ᠢ ᠰᠠᠮ ᠪᠤᠶᠤ ᠬᠦᠴᠦᠨ ᠳᠠᠯᠠᠢᠯᠭᠠᠨ ᠲᠠᠭᠤᠵᠤ ᠠᠪᠠᠴᠢᠬᠤ ᠪᠤᠯᠵᠠᠭᠠᠪᠠ᠂ ᠬᠣᠲᠠ ᠰᠠᠭᠤᠷᠢᠨ᠂ ᠶᠡᠬᠡ ᠵᠠᠮ ᠤ᠋ᠨ ᠳᠠᠭᠠᠤ ᠨᠤᠲᠤᠭᠯᠠᠬᠤ ᠳ᠋ᠤ᠌ ᠲᠦᠪᠡᠭ ᠲᠦᠭᠰᠢᠭᠦᠷᠢ ᠶᠡᠬᠡ ᠲᠡᠢ ᠪᠣᠯᠵᠤ᠂ ᠡᠩ ᠦ᠋ᠨ ᠨᠣᠮᠣᠬᠠᠨ ᠮᠠᠯᠴᠢᠨ ᠠᠷᠠᠳ᠂ ᠲᠡᠢᠨ ᠦ᠌ ᠬᠥᠯ ᠡᠴᠡ ᠵᠠᠢᠰ ᠪᠣᠯᠬᠤ ᠭᠡᠵᠦ ᠬᠥᠳᠡᠭᠡ ᠭᠣᠪᠢ ᠬᠠᠩᠭᠠᠢ ᠶ᠋ᠢᠨ ᠠᠯᠢ ᠪᠥᠭᠯᠡᠭᠦᠦ ᠵᠡᠯᠢᠭᠦᠳ᠂ ᠬᠥᠮᠦᠨ ᠠᠮᠢᠲᠠᠨ ᠬᠣᠪᠣᠷ ᠪᠣᠢᠳᠠ ᠭᠠᠵᠠᠷ ᠨᠡᠭᠦᠨ ᠵᠠᠢᠯᠠᠬᠤ ᠪᠣᠯᠤᠯ᠎ᠠ᠃
ᠬᠦᠷᠢᠶ᠎ᠡ᠂ ᠤᠯᠢᠶᠠᠰᠤᠲᠠᠢ ᠠ᠋ᠴᠠ ᠡᠮᠦᠨ᠎ᠡ ᠲᠠᠰᠢ(ᠲᠡᠢᠰᠢ) ᠪᠦᠯᠦᠭ ᠴᠦᠯᠦᠭ ᠢ᠋ᠶ᠋ᠡᠷ ᠪᠤᠶᠤ ᠲᠣᠮᠣ ᠲᠣᠮᠣ ᠪᠠᠭ ᠢ᠋ᠶ᠋ᠠᠷ ᠬᠢᠲᠠᠳ ᠨᠤᠲᠤᠭ ᠤ᠋ᠨ ᠵᠦᠭ ᠵᠠᠢᠯᠠᠨ ᠣᠳᠬᠤ ᠭᠠᠮᠢᠩ ᠴᠡᠷᠢᠭ ᠦᠵᠡᠭᠳᠡᠬᠦ ᠪᠣᠯᠵᠤ᠂ ᠵᠠᠮ ᠭᠣᠳᠣᠰ ᠤ᠋ᠨ ᠠᠢᠯ ᠠᠮᠢᠲᠠᠨ ᠠ᠋ᠴᠠ ᠢᠳᠡᠬᠦ ᠤᠤᠭᠤᠬᠤ ᠶᠠᠭᠤᠮ᠎ᠠ᠂ ᠤᠨᠤᠭ᠎ᠠ ᠬᠥᠰᠬᠡ ᠪᠤᠯᠢᠶᠠᠨ ᠬᠡᠷᠡᠭᠯᠡᠵᠦ᠂ ᠭᠠᠷ ᠬᠥᠯ᠂ ᠨᠢᠭᠤᠷ ᠠᠮᠠ ᠬᠥᠯᠳᠡᠵᠦ ᠬᠣᠴᠣᠷᠤᠭᠰᠠᠨ ᠨᠢᠭᠡ ᠶ᠋ᠢ ᠪᠡᠨ ᠭᠡᠭᠡᠭᠰᠡᠭᠡᠷ ᠴᠤᠪᠤᠬᠤ ᠪᠣᠯᠵᠠᠢ᠃
ᠴᠠᠭᠠᠭᠴᠢᠨ ᠲᠠᠬᠢᠶ᠎ᠠ ᠵᠢᠯ ᠦ᠋ᠨ ᠲᠡᠷᠡ ᠬᠠᠪᠤᠷ᠂ ᠡᠯ ᠴᠦᠯ ᠦᠭᠡᠢ ᠠᠭᠤᠳᠠᠮ ᠴᠠᠰᠤᠲᠤ ᠴᠠᠭᠠᠨ ᠲᠠᠯ᠎ᠠ ᠳ᠋ᠤ᠌ ᠣᠰᠤᠭᠤᠵᠤ ᠦᠬᠦᠭᠰᠡᠨ ᠭᠠᠮᠢᠩ ᠤ᠋ᠨ ᠬᠡᠭᠦᠷ᠂ ᠭᠡᠭᠡᠵᠦ ᠬᠠᠶᠠᠭᠰᠠᠨ ᠵᠠᠷ ᠵᠡᠪᠰᠡᠭ ᠨᠢ ᠴᠢᠭᠤᠯᠤᠯᠲᠤ ᠬᠠᠭᠠᠯᠭ᠎ᠠ᠂ ᠬᠥᠬᠡᠬᠣᠲᠠ ᠣᠷᠣᠬᠤ ᠵᠠᠮ ᠭᠣᠳᠣᠰ ᠴᠤᠪᠤᠷᠢᠨ (ᠴᠤᠪᠤᠷᠠᠨ) ᠬᠡᠪᠲᠡᠬᠦ ᠪᠣᠯᠵᠠᠢ᠃ ᠮᠠᠯᠴᠢᠨ ᠠᠷᠠᠳ ᠤ᠋ᠳ᠂ ᠬᠣᠩ ᠬᠡᠷᠢᠶᠡᠨ ᠦ᠌ ᠭᠤᠸᠠᠭᠯᠠᠨ ᠳᠤᠤᠭᠠᠷᠴᠤ ᠨᠢᠰᠬᠦ ᠵᠦᠭ᠂ ᠬᠡᠭᠡᠷ᠎ᠡ ᠶ᠋ᠢᠨ ᠵᠢᠵᠢᠭ ᠠᠷᠢᠶᠠᠲᠠᠨ᠂ ᠬᠢᠷᠰᠠ ᠦᠨᠡᠭᠡᠨ ᠦ᠌ ᠲᠡᠷᠡ ᠵᠦᠭ ᠭᠦᠶᠦᠭᠰᠡᠨ ᠮᠥᠷ ᠢ᠋ᠶ᠋ᠡᠷ ᠭᠠᠮᠢᠩ ᠤ᠋ᠨ ᠤᠯᠠᠢ ᠲᠡᠷᠡ ᠴᠢᠭ ᠲᠦ᠍ ᠭᠠᠷᠪᠠ ᠭᠡᠵᠦ ᠮᠡᠳᠡᠳᠡᠭ ᠪᠣᠯᠵᠤ᠂ ᠮᠠᠯ ᠤ᠋ᠨ ᠡᠷᠢᠯ ᠰᠤᠷᠠᠯ ᠢ᠋ᠶ᠋ᠠᠷ ᠶᠠᠪᠤᠭᠰᠠᠨ ᠬᠡᠦᠬᠡᠳ ᠡᠮᠡᠭᠲᠡᠢᠴᠦᠳ᠂ ᠬᠣᠶᠠᠷ ᠨᠢᠳᠦ ᠪᠡᠨ ᠬᠡᠷᠢᠶᠡᠨ ᠳ᠋ᠦ᠍ ᠤᠬᠤᠭᠤᠯᠤᠭᠰᠠᠨ ᠭᠠᠮᠢᠩ ᠤ᠋ᠨ ᠬᠡᠭᠦᠷ ᠲᠡᠢ᠂ ᠬᠡᠭᠡᠷ᠎ᠡ ᠰᠠᠨᠠᠮᠰᠠᠷ ᠦᠭᠡᠢ ᠳᠠᠭᠠᠷᠢᠯᠳᠤᠨ ᠰᠣᠴᠢᠵᠤ ᠰᠠᠨᠳᠤᠷᠳᠠᠭ ᠪᠣᠯᠵᠠᠢ᠃
ᠨᠢᠭᠡᠨ ᠡᠳᠦᠷ᠂ ᠴᠡᠷᠡᠨ ᠪᠡᠯᠴᠢᠭᠡᠷ ᠡᠴᠡ ᠭᠡᠷ ᠲᠡᠭᠡᠨ( ᠲᠦ ᠪᠡᠨ)ᠬᠠᠷᠢᠵᠤ ᠶᠠᠪᠤᠭᠠᠳ ᠠᠷᠠᠢ ᠮᠣᠩᠭᠣᠯ ᠪᠢᠰᠢ ᠨᠢᠭᠡ ᠬᠠᠴᠢᠨ ᠬᠤᠪᠴᠠᠰᠤ ᠲᠠᠢ ᠬᠥᠮᠦᠨ ᠢ᠋ ᠭᠡᠷ ᠦ᠋ᠨ ᠵᠦᠭ ᠬᠡᠯᠲᠦᠷᠢᠵᠦ ᠶᠠᠪᠤᠭ᠎ᠠ ᠶ᠋ᠢ ᠬᠠᠷᠠᠵᠤ ᠠᠵᠢᠭᠯᠠᠪᠠᠯ᠂ ᠫᠤᠤ ᠶ᠋ᠢ ᠲᠠᠶᠠᠭ ᠰᠢᠭ᠋ ᠲᠤᠯᠵᠤ᠂ ᠴᠦ ᠴᠢᠮᠠᠢ᠍ᠢ᠍ ᠶᠠᠪᠤᠵᠤ ᠶᠠᠪᠤᠭ᠎ᠠ ᠪᠣᠯᠤᠯᠲᠠᠢ᠃
— ᠭᠠᠮᠢᠩ! ᠭᠡᠵᠦ ᠲᠡᠷᠡ ᠬᠥᠮᠦᠨ ᠢ᠋ ᠬᠠᠷᠠᠭᠠᠳ᠂ ᠴᠡᠷᠡᠨ ᠦ᠌ ᠰᠡᠳᠬᠢᠯ ᠳ᠋ᠦ᠍ᠨᠢ (ᠳ᠋ᠦ᠍ ᠨᠢ)ᠣᠷᠣᠵᠤ᠂ ᠭᠡᠷ ᠲᠦ᠍ ᠮᠢᠨᠢ ᠪᠢᠴᠢᠬᠠᠨ ᠲᠡᠮᠦᠷ ᠭᠠᠭᠴᠠᠭᠠᠷ ᠢ᠋ᠶ᠋ᠠᠨ ᠪᠢᠯᠡ ᠭᠡᠵᠦ ᠬᠦᠦ ᠶ᠋ᠢ ᠠᠶᠤᠯᠲᠤ ᠭᠠᠮᠢᠩ ᠠ᠋ᠴᠠ ᠠᠮᠢ ᠥᠷᠥᠵᠦ ᠬᠠᠮᠠᠭᠠᠯᠠᠷ᠎ᠠ ᠲᠡᠮᠡᠭᠡ ᠶ᠋ᠢ ᠲᠠᠰᠢᠭᠤᠷᠳᠠᠨ ᠤᠬᠤᠰᠬᠢᠪᠡ᠃
ᠢᠮᠠᠭᠠᠨ ᠳᠣᠲᠣᠷ ᠲᠠᠢ ᠪᠣᠷᠣ ᠰᠠᠭᠠᠷᠠᠯ ᠳᠡᠪᠡᠯ ᠲᠡᠢ᠂ ᠲᠣᠮᠣ ᠭᠡᠭᠴᠢ ᠶ᠋ᠢᠨ ᠪᠣᠰᠤᠭ᠎ᠠ ᠵᠠᠬ᠎ᠠ ᠲᠠᠢ ᠲᠡᠷᠡ ᠶᠠᠪᠠᠭᠠᠨ ᠬᠥᠮᠦᠨ᠂ ᠬᠣᠢᠨ᠎ᠠ ᠠ᠋ᠴᠠ ᠬᠥᠮᠦᠨ ᠦ᠌ ᠳᠣᠪᠲᠣᠯᠤᠨ ᠢᠷᠡᠬᠦ ᠴᠢᠮᠡᠭᠡ ᠶ᠋ᠢ ᠰᠣᠨᠣᠰᠴᠤ᠂ ᠴᠡᠷᠡᠨ ᠦ᠌ ᠵᠦᠭ ᠡᠷᠭᠢᠭᠡᠳ᠂ ᠫᠤᠤ ᠪᠠᠨ ᠬᠠᠶᠠᠵᠤ᠂ ᠬᠣᠶᠠᠷ ᠭᠠᠷ ᠢ᠋ᠶ᠋ᠠᠨ ᠡᠷᠭᠦᠪᠡ᠃
ᠴᠡᠷᠡᠨ ᠦ᠌ ᠳᠣᠲᠣᠷ᠎ᠠ ᠪᠠᠬᠠᠨ ᠣᠩᠭᠣᠢᠵᠤ᠂ ᠲᠡᠷᠡ ᠭᠠᠮᠢᠩ ᠫᠤᠤ ᠬᠠᠶᠠᠭᠰᠠᠨ ᠢ᠋ ᠦᠵᠡᠪᠡᠯ᠂ ᠠᠷᠠᠢ ᠬᠣᠣᠷ ᠬᠢᠬᠦ ᠰᠠᠨᠠᠭ᠎ᠠ ᠦᠭᠡᠢ ᠪᠣᠯᠤᠯᠲᠠᠢ ᠭᠡᠵᠦ ᠪᠣᠳᠣᠭᠠᠳ᠂ ᠭᠠᠭᠴᠠᠬᠦ (ᠭᠠᠭᠴᠠ ᠬᠦ᠌)ᠵᠢᠭᠦᠷ ᠢ᠋ᠶ᠋ᠡᠨ ᠳᠡᠯᠭᠡᠬᠦ ᠳ᠋ᠡᠭᠡᠨ (ᠳ᠋ᠦ᠍ ᠪᠡᠨ)ᠨᠠᠷᠠ ᠶ᠋ᠢ ᠬᠠᠯᠬᠠᠯᠠᠭᠴᠢ ᠬᠠᠨ ᠭᠠᠷᠤᠳᠢ ᠶ᠋ᠢᠨ ᠳᠡᠪᠢᠯᠭᠡ ᠪᠡᠷ ᠲᠠᠪᠢᠨ ᠪᠥᠵᠢᠭᠯᠡᠭᠴᠢ ᠪᠥᠬᠡ ᠰᠢᠭ ᠭᠠᠷ ᠢ᠋ᠶ᠋ᠠᠨ ᠡᠷᠭᠦᠳᠡᠭ ᠨᠢ ᠶᠠᠭᠤ ᠴᠤ᠌ ᠪᠢᠯᠡ? ᠭᠡᠵᠦ ᠭᠠᠢᠬᠠᠲᠠᠯ᠎ᠠ᠂ ᠲᠡᠷᠡ ᠭᠠᠮᠢᠩ᠂ ᠴᠡᠷᠡᠨ ᠢ᠋ ᠣᠢᠷᠠᠳᠴᠤ ᠢᠷᠡᠮᠡᠭᠴᠡ ᠭᠡᠨᠡᠳᠲᠡ ᠡᠪᠦᠳᠦᠭ ᠨᠤᠭᠤᠯᠤᠨ ᠰᠥᠭᠥᠳᠴᠦ ᠬᠢᠲᠠᠳ ᠢ᠋ᠶ᠋ᠠᠷ ᠱᠤᠯᠤᠭᠠᠨᠠᠨ ᠮᠥᠷᠭᠥᠵᠦ ᠡᠬᠢᠯᠡᠪᠡ᠃
ᠣᠯᠠᠨ ᠬᠣᠨᠣᠭ ᠰᠠᠬᠠᠯ ᠰᠠᠮᠪᠠᠢ ᠶ᠋ᠢ ᠬᠤᠰᠤᠭᠠ ᠦᠭᠡᠢ᠂ ᠰᠠᠬᠠᠯ ᠦᠰᠦ ᠤᠷᠭᠤᠭᠰᠠᠨ᠂ ᠬᠠᠴᠠᠷ ᠠᠮᠠ ᠪᠠᠨ ᠬᠥᠯᠳᠡᠭᠡᠭᠰᠡᠨ ᠲᠡᠷᠡ ᠭᠠᠮᠢᠩ ᠤ᠋ᠨ ᠴᠢᠷᠠᠢ ᠮᠠᠰᠢ ᠵᠣᠪᠠᠵᠤ ᠵᠦᠳᠡᠷᠡᠭᠰᠡᠨ ᠪᠠᠢᠳᠠᠯ ᠲᠠᠢ ᠲᠤᠯᠠ ᠴᠡᠷᠡᠨ ᠲᠡᠭᠦᠨ ᠢ᠋ ᠦᠵᠡᠭᠡᠳ ᠠᠷᠭ᠎ᠠ ᠮᠤᠬᠤᠷᠳᠠᠨ ᠶᠠᠳᠠᠵᠤ᠂ ᠵᠣᠪᠠᠭᠰᠠᠨ ᠲᠡᠷᠡ ᠬᠥᠮᠦᠨ ᠢ᠋ ᠶᠡᠬᠡᠯ᠎ᠡ(ᠶᠡᠬᠡ ᠯᠡ)ᠦᠷᠦ ᠡᠪᠡᠳᠴᠦ᠂ ᠵᠥᠭᠡᠯᠡᠨ ᠰᠡᠳᠬᠢᠯᠲᠦ ᠡᠬᠡ ᠬᠥᠮᠦᠨ ᠦ᠌ ᠡᠯᠢᠭᠡ ᠨᠢ ᠡᠮᠲᠡᠷᠡᠵᠦ᠂ ᠬᠡᠳᠦᠢ ᠭᠠᠮᠢᠩ ᠪᠣᠯᠪᠠᠴᠤ ᠬᠥᠮᠦᠨ ᠦ᠌ ᠦᠷ᠎ᠡ ᠰᠢᠦ ᠳᠡ ᠭᠡᠵᠦ ᠪᠣᠳᠣᠭᠠᠳ᠂ ᠭᠡᠷ ᠦ᠋ᠨ ᠵᠦᠭ ᠶᠠᠪᠤ ᠭᠡᠵᠦ ᠲᠣᠬᠢᠬᠤ ᠶ᠋ᠢᠨ ᠬᠠᠮᠲᠤ᠂ ᠫᠤᠤ ᠶ᠋ᠢᠨ ᠵᠦᠭ ᠵᠢᠭᠠᠵᠤ᠄
— ᠲᠡᠷᠡ ᠫᠤᠤ ᠨᠠᠭᠠᠰᠢ ᠠᠪᠤᠭᠠᠳ ᠥᠭ! ᠭᠡᠪᠡ᠃
ᠭᠠᠮᠢᠩ᠂ ᠴᠡᠷᠡᠨ ᠦ᠌ ᠲᠡᠷᠡ ᠦᠭᠡ ᠳᠣᠬᠢᠶ᠎ᠠ ᠶ᠋ᠢ ᠤᠬᠠᠵᠤ᠂ ᠫᠤᠤ ᠶ᠋ᠢᠨ ᠵᠦᠭ ᠬᠠᠵᠠᠭᠠᠨᠠᠨ ᠲᠤᠭᠤᠯᠵᠤ ᠣᠴᠢᠭᠠᠳ᠂ ᠲᠠᠭᠠᠷᠠᠵᠤ ᠪᠡᠭᠡᠷᠡᠭᠡᠳ ᠨᠤᠭᠤᠷᠠᠨ ᠬᠥᠳᠡᠯᠬᠦ ᠨᠢ ᠮᠠᠭᠤ ᠪᠣᠯᠤᠭᠰᠠᠨ ᠭᠠᠷ ᠢ᠋ᠶ᠋ᠠᠨ ᠶᠠᠭᠠᠷᠠᠨ ᠡᠷᠭᠦᠵᠦ᠂ ᠴᠡᠷᠡᠨ ᠦ᠌ ᠬᠠᠵᠠᠭᠤ ᠳ᠋ᠤ᠌ ᠬᠦᠷᠴᠦ ᠢᠷᠡᠭᠡᠳ᠂ ᠲᠡᠮᠡᠭᠡ ᠤᠨᠤᠭᠰᠠᠨ ᠴᠡᠷᠡᠨ ᠦ᠌ ᠥᠭᠡᠳᠡ ᠠᠷᠠᠢ ᠭᠡᠵᠦ ᠡᠷᠭᠦᠵᠦ ᠥᠭᠪᠡ᠃
ᠴᠡᠷᠡᠨ ᠭᠡᠷ ᠦ᠋ᠨ ᠵᠦᠭ ᠬᠥᠳᠡᠯᠵᠦ᠂ ᠬᠣᠷᠣᠮᠬᠠᠨ ᠪᠣᠯᠤᠭᠠᠳ᠂ ᠭᠠᠮᠢᠩ ᠢ᠋ ᠡᠷᠭᠢᠵᠦ ᠦᠵᠡᠪᠡᠯ᠂ ᠬᠣᠵᠢᠮᠳᠠᠨ ᠭᠡᠭᠡᠭᠳᠡᠭᠡᠳ᠂ ᠶᠡᠬᠡᠯ᠎ᠡ(ᠶᠡᠬᠡ ᠯᠡ)
ᠴᠡᠷᠡᠨ ᠬᠦᠯᠢᠭᠦᠯᠵᠦ ᠬᠡᠪᠲᠡᠭᠡᠳ᠂ ᠬᠦᠦ ᠪᠡᠨ ᠦᠷᠦ ᠡᠪᠡᠳᠴᠦ᠂ ᠰᠡᠳᠬᠢᠯ ᠢ᠋ ᠨᠢ ᠵᠠᠰᠠᠵᠤ ᠥᠭᠦᠯᠡᠷᠦᠨ᠄
— ᠬᠦᠦ ᠮᠢᠨᠢ᠂ ᠪᠦᠦ ᠤᠬᠢᠯᠠ᠃ ᠡᠨᠡ ᠯᠠᠮᠠ ᠭᠤᠸᠠᠢ ᠨᠠᠷ ᠲᠣᠭᠯᠠᠵᠤ ᠪᠠᠢᠭ᠎ᠠ ᠶᠤᠮ ᠰᠢᠦ᠃ ᠡᠵᠢ ᠳ᠋ᠦ᠍ ᠴᠢᠨᠢ ᠣᠭᠲᠣ ᠭᠡᠮ ᠪᠣᠯᠬᠤ ᠦᠭᠡᠢ ᠭᠡᠵᠡᠢ᠃ ᠬᠠᠮᠰᠤᠮ ᠯᠠᠮᠠ᠂ ᠴᠡᠷᠡᠨ ᠢ᠋ ᠪᠤᠶᠠᠨ ᠦᠢᠯᠡᠳᠬᠦ ᠳ᠋ᠦ᠍ ᠡᠳ᠋ ᠬᠠᠷᠠᠮᠨᠠᠬᠤ ᠬᠡᠷᠡᠭ ᠦᠭᠡᠢ ᠭᠡᠵᠦ ᠢᠳᠬᠠᠨ ᠥᠭᠦᠯᠡᠷᠦᠨ᠄
— ᠮᠣᠩᠭᠣᠯ ᠪᠠ ᠪᠦᠷᠢᠨ ᠦ᠌ ᠪᠠᠭᠰᠢ ᠪᠣᠯᠤᠭᠰᠠᠨ ᠵᠢᠪᠽᠦ᠋ᠨᠳᠠᠮᠪᠠ ᠶ᠋ᠢᠨ ᠭᠡᠭᠡᠨ ᠦ᠌ ᠱᠠᠪᠳᠠᠩ ᠪᠠᠲᠤᠳᠬᠠᠬᠤ ᠠᠷᠢᠭᠤᠨ ᠦᠢᠯᠡᠰ ᠲᠦ᠍᠂ ᠱᠠᠪᠢ ᠪᠣᠯᠤᠭᠰᠠᠨ ᠪᠦᠬᠦᠨ ᠨᠡᠮᠡᠭᠦᠷᠢ ᠬᠠᠨᠳᠢᠪ ᠣᠷᠣᠭᠤᠯᠬᠤ ᠶᠣᠰᠣᠲᠠᠢ᠃ ᠮᠤᠩᠬᠠᠭ ᠬᠠᠷᠠᠮᠴᠢ ᠶ᠋ᠢᠨ ᠪᠠᠯᠴᠢᠭ ᠲᠤ᠌ ᠰᠢᠭᠢᠳᠦᠭᠰᠡᠨ ᠳᠣᠣᠷᠠᠲᠤ ᠲᠥᠷᠥᠯᠬᠢᠲᠡᠨ ᠢ᠋ ᠪᠢ ᠬᠠᠷᠠᠮᠴᠢ ᠬᠣᠪᠳᠣᠭ ᠤ᠋ᠨ ᠰᠢᠪᠠᠷ ᠢ᠋ᠶ᠋ᠠᠷ ᠪᠥᠭᠯᠡᠭᠰᠡᠨ ᠰᠦᠪᠡ ᠶ᠋ᠢ ᠨᠢ ᠨᠡᠭᠡᠭᠡᠭᠳᠡᠲᠡᠯᠡ ᠬᠦᠯᠢᠳᠡᠭ ᠶᠦᠮ᠃ ᠴᠢ ᠨᠠᠮ᠎ᠠ ᠶ᠋ᠢ ᠬᠠᠮᠢᠶ᠎ᠠ ᠦᠭᠡᠢ ᠨᠢᠭᠡ ᠯᠠᠮᠠ ᠳᠤᠷ᠎ᠠ ᠪᠠᠷ ᠢ᠋ᠶ᠋ᠠᠨ ᠠᠶᠠᠭᠯᠠᠵᠤ ᠪᠠᠢᠨ᠎ᠠ ᠭᠡᠵᠦ ᠪᠢᠲᠡᠭᠡᠢ ᠡᠨᠳᠡᠭᠦᠷᠡ᠃ ᠪᠢ ᠵᠣᠬᠢᠬᠤ ᠳᠡᠭᠡᠳᠦ ᠠᠯᠪᠠᠨ ᠶᠠᠮᠤᠨ ᠠ᠋ᠴᠠ ᠪᠢᠴᠢᠭ ᠵᠠᠷ ᠲᠠᠢ᠂ ᠠᠯᠢᠪᠠ ᠵᠠᠮ ᠲᠣᠬᠢᠶᠠᠯᠳᠤᠬᠤ ᠠᠯᠪᠠᠨ ᠤ᠋ ᠬᠥᠮᠦᠰ ᠤᠴᠢᠷ ᠢ᠋ ᠮᠡᠳᠡᠵᠦ᠂ ᠶᠣᠰᠣᠲᠠᠢ ᠲᠤᠰᠠᠯᠠᠮᠵᠢ ᠦᠵᠡᠭᠦᠯ ᠭᠡᠰᠡᠨ ᠪᠢᠴᠢᠭ ᠲᠡᠢ ᠬᠥᠮᠦᠨ ᠰᠢᠦ᠃ ᠴᠢᠮ᠎ᠠ ᠳ᠋ᠤ᠌ ᠠᠯᠲᠠᠨ ᠪᠥᠭᠡᠵᠢ᠂ ᠮᠥᠩᠭᠥᠨ ᠡᠳ᠋ ᠪᠠᠢᠳᠠᠭ ᠪᠠᠢᠪᠠᠯ᠂ ᠪᠤᠷᠬᠠᠨ ᠤ᠋ ᠬᠥᠷᠥᠭ ᠪᠦᠲᠦᠭᠡᠬᠦ ᠪᠤᠶᠠᠨ ᠤ᠋ ᠦᠢᠯᠡᠰ ᠲᠦ᠍ ᠡᠷᠭᠦᠨ ᠵᠣᠷᠢᠭᠤᠯᠪᠠᠯ ᠵᠣᠬᠢᠨ᠎ᠠ ᠭᠡᠪᠡ᠃
ᠲᠡᠮᠦᠷ ᠤᠬᠢᠯᠠᠬᠤ ᠪᠠᠨ ᠵᠣᠭᠰᠣᠭᠠᠳ᠂ ᠬᠡᠢ ᠵᠣᠭᠢᠰᠤᠨ ᠲᠠᠲᠠᠵᠤ᠂ ᠡᠬᠡ ᠶ᠋ᠢᠨ ᠢ᠋ᠶ᠋ᠡᠨ ᠳᠡᠷᠭᠡᠳᠡ ᠮᠥᠯᠬᠥᠵᠦ ᠣᠴᠢᠭᠠᠳ ᠨᠠᠭᠠᠯᠳᠤᠵᠠᠢ᠃
— ᠵᠠ᠂ ᠣᠳᠣ ᠶᠠᠭᠠᠬᠢᠳᠠᠭ ᠪᠢᠯᠡ? ᠰᠢᠷᠴᠢᠨ ᠣᠷᠣᠢ ᠨᠠᠷᠠ ᠰᠢᠩᠭᠡᠬᠦ ᠡᠴᠡ ᠨᠠᠭᠠᠰᠢ ᠢᠷᠡᠬᠦ ᠦᠭᠡᠢ ᠪᠠᠢᠬ᠎ᠠ᠁ ᠢᠷᠡᠪᠡᠴᠦ ᠠᠯᠢᠪᠠ ᠵᠠᠮ ᠲᠣᠬᠢᠶᠠᠯᠳᠤᠭᠰᠠᠨ ᠠᠯᠪᠠᠨ ᠤ᠋ ᠬᠥᠮᠦᠨ ᠤᠴᠢᠷ ᠢ᠋ ᠮᠡᠳᠡᠵᠦ᠂ ᠶᠣᠰᠣᠲᠠᠢ ᠲᠤᠰᠠᠯᠠᠮᠵᠢ ᠦᠵᠡᠭᠦᠯ ᠭᠡᠳᠡᠭ ᠠᠯᠪᠠᠨ ᠤ᠋ ᠪᠢᠴᠢᠭ ᠲᠡᠢ ᠡᠨᠡ ᠬᠣᠶᠠᠷ ᠯᠠᠮᠠ ᠶ᠋ᠢ ᠶᠠᠭᠠᠬᠢᠵᠤ ᠴᠤ᠌ ᠴᠢᠳᠠᠬᠤ ᠦᠭᠡᠢ ᠬᠡᠷᠡᠭ᠃ ᠰᠢᠷᠴᠢᠨ ᠦ᠌ ᠥᠭᠭᠦᠭᠰᠡᠨ ᠠᠯᠲᠠᠨ ᠪᠥᠭᠡᠵᠢ ᠶ᠋ᠢ ᠥᠭᠴᠦ ᠰᠠᠯᠬᠤ ᠠ᠋ᠴᠠ ᠥᠭᠡᠷ᠎ᠡ ᠠᠷᠭ᠎ᠠ ᠲᠠᠰᠤᠷᠠᠵᠠᠢ ᠭᠡᠵᠦ ᠪᠤᠳᠤᠲᠠᠯ᠎ᠠ ᠨᠢ᠂
— ᠵᠠ᠂ ᠴᠢ ᠪᠤᠶᠠᠨ ᠠᠮᠠᠯᠠᠬᠤ ᠶᠤᠮ ᠪᠣᠯ ᠪᠤᠰᠢᠭᠤᠬᠠᠨ ᠠᠮᠠᠯᠠᠭᠠᠳ ᠪᠠᠢ ᠭᠡᠵᠦ ᠪᠠᠨᠳᠢ ᠶ᠋ᠢ ᠶᠣᠪᠣᠷᠬᠤ ᠳ᠋ᠤ᠌ ᠭᠠᠷ ᠬᠥᠯ ᠲᠠᠰᠤ ᠬᠦᠯᠢᠭᠦᠯᠦᠭᠰᠡᠨ ᠨᠢ ᠲᠡᠰᠬᠡᠯ ᠦᠭᠡᠢ ᠡᠪᠡᠳᠬᠦ ᠶ᠋ᠢ ᠴᠢᠳᠠᠯ ᠢ᠋ᠶ᠋ᠠᠷ ᠢ᠋ᠶ᠋ᠠᠨ ᠬᠠᠲᠠᠭᠤᠵᠢᠨ᠂ ᠰᠤᠯᠠᠬᠠᠨ ᠳᠠᠭᠤᠨ ᠢ᠋ᠶ᠋ᠠᠷ ᠰᠢᠪᠡᠨᠡᠨ ᠥᠭᠦᠯᠡᠷᠦᠨ᠄
— ᠵᠠ᠂ ᠪᠢ ᠭᠠᠭᠴᠠ ᠠᠯᠲᠠᠨ ᠪᠥᠭᠡᠵᠢ ᠲᠡᠢ ᠶᠤᠮᠰᠠᠨ᠃ ᠲᠡᠭᠦᠨ ᠢ᠋ ᠡᠷᠭᠦᠶ᠎ᠡ ᠳᠡ ᠬᠡᠮᠡᠮᠡᠭᠴᠡ᠂
— ᠤᠤᠬᠠᠢᠰ ᠳᠠ! ᠠᠯᠢ ᠬᠡᠳᠦᠢᠨᠡᠢ ᠲᠡᠭᠡᠬᠦ ᠦᠭᠡᠢ᠂ ᠴᠢ ᠳᠡᠮᠡᠢ ᠪᠡᠶ᠎ᠡ ᠪᠡᠨ ᠵᠣᠪᠠᠭᠠᠵᠤ ᠳᠠ᠂ ᠠᠯᠢ ᠬᠦ ᠨᠠᠭᠠᠳᠤᠬᠢ ᠶ᠋ᠢᠨ ᠢ᠋ᠶ᠋ᠡᠨ ᠬᠦᠯᠢᠭ ᠢ᠋ ᠲᠠᠢᠯᠤᠭᠠᠳ ᠣᠷᠭᠢ ᠭᠡᠵᠦ ᠬᠠᠮᠰᠣᠮ ᠯᠠᠮᠠ ᠰᠥᠭᠡᠩᠭᠢ ᠬᠣᠭᠣᠯᠠᠢ ᠪᠠᠷ ᠪᠠᠬᠠᠷᠬᠠᠨ ᠬᠦᠩᠭᠢᠨᠡᠪᠡ᠃
ᠴᠢᠭᠢᠷᠠᠭ ᠪᠠᠨᠳᠢ ᠰᠠᠭᠤᠭ᠎ᠠ ᠴᠢᠭ ᠢ᠋ᠶ᠋ᠡᠷ ᠢ᠋ᠶ᠋ᠡᠨ ᠴᠡᠷᠡᠨ ᠦ᠌ ᠵᠦᠭ ᠡᠷᠭᠢᠭᠡᠳ᠂ ᠠᠶᠤᠨ ᠪᠦᠱᠦᠭᠦᠷᠬᠡᠵᠦ ᠤᠬᠢᠯᠠᠨ ᠪᠠᠷᠬᠢᠷᠠᠭᠰᠠᠨ ᠲᠡᠮᠦᠷ ᠢ᠋ ᠪᠢᠷ᠎ᠠ ᠲᠠᠢ ᠭᠠᠷ ᠢ᠋ᠶ᠋ᠠᠷ ᠢ᠋ᠶ᠋ᠠᠨ ᠴᠠᠰᠢ ᠨᠢ ᠲᠦᠯᠬᠢᠭᠡᠳ᠂ ᠬᠣᠨᠢ ᠰᠢᠭ᠋ ᠳᠥᠷᠪᠡᠨ ᠮᠥᠴᠢ ᠪᠠᠭᠯᠠᠭᠠᠰᠤᠲᠠᠢ ᠠᠲᠤᠷᠢᠨ ᠬᠡᠪᠲᠡᠵᠦ ᠪᠠᠢᠭ᠎ᠠ ᠴᠡᠷᠡᠨ ᠢ᠋ ᠲᠠᠲᠠᠵᠤ ᠡᠷᠭᠢᠭᠦᠯᠦᠭᠡᠳ᠂ ᠬᠦᠯᠢᠶᠡᠰᠦ ᠶ᠋ᠢ ᠶᠠᠭᠠᠷᠠᠯ ᠦᠭᠡᠢ ᠳᠡᠢᠯᠦᠯ᠎ᠡ᠃
ᠲᠡᠭᠡᠵᠦ ᠳᠠᠷᠤᠯᠠᠭᠤᠯᠤᠭᠰᠠᠨ ᠳ᠋ᠠᠭᠠᠨ ᠢᠴᠢᠵᠦ ᠭᠣᠳᠣᠭᠠᠳ᠂ ᠵᠢᠰᠦ ᠪᠡᠨ ᠴᠢᠰ ᠤᠯᠠᠭᠠᠨ ᠪᠣᠯᠭᠠᠭᠰᠠᠨ ᠴᠡᠷᠡᠨ᠂ ᠭᠠᠵᠠᠷ ᠲᠦᠰᠢᠨ ᠪᠣᠰᠤᠭᠠᠳ ᠰᠣᠭᠲᠣᠭᠤ ᠶᠤᠮ ᠰᠢᠭ᠋ ᠰᠢᠷᠪᠠᠵᠤ᠂ ᠠᠪᠳᠠᠷ᠎ᠠ ᠶ᠋ᠢᠨ ᠵᠦᠭ ᠠᠯᠬᠤᠵᠤ ᠣᠴᠢᠭᠠᠳ᠂ ᠴᠣᠣᠵᠢ ᠶ᠋ᠢ ᠨᠢ ᠲᠦᠯᠬᠢᠨ᠂ ᠠᠯᠴᠢᠭᠤᠷ ᠲᠤ᠌ ᠨᠠᠨᠳᠢᠩᠨᠠᠨ ᠪᠣᠭᠣᠭᠰᠠᠨ ᠠᠯᠲᠠᠨ ᠪᠥᠭᠡᠵᠢ ᠪᠡᠨ ᠭᠠᠷᠭᠠᠭᠠᠳ᠂ ᠲᠣᠨᠣᠨ ᠪᠠᠳᠢᠷᠯᠠᠵᠤ ᠶᠠᠪᠤᠭ᠎ᠠ ᠯᠠᠮᠠ ᠨᠠᠷ ᠲᠤ᠌ ᠪᠠᠷᠢᠪᠠᠰᠤ᠂
— ᠰᠠᠢᠨ ᠰᠢᠵᠢᠷ ᠠᠯᠲᠠ ᠪᠠᠢᠨ᠎ᠠ ᠭᠡᠵᠦ ᠭᠠᠷ ᠳᠡᠭᠡᠷ᠎ᠡ ᠪᠡᠨ ᠳᠠᠩᠰᠠᠯᠠᠵᠤ ᠦᠵᠡᠭᠡᠳ ᠬᠠᠮᠰᠤᠮ ᠯᠠᠮᠠ ᠥᠭᠦᠯᠡᠷᠦᠨ᠂ ᠴᠢᠨᠦ ᠡᠨᠡ ᠭᠠᠮᠢᠩ ᠢ᠋ ᠪᠢᠳᠡ ᠠᠪᠠᠴᠢᠵᠤ᠂ ᠪᠣᠭᠳᠠ ᠶ᠋ᠢᠨ ᠱᠠᠪᠢ ᠳ᠋ᠤ᠌ ᠭᠠᠷ ᠬᠦᠷᠦᠭᠰᠡᠨ ᠶᠠᠯ᠎ᠠ ᠬᠡᠯᠡᠯᠴᠡᠭᠦᠯᠵᠦ᠂ ᠠᠯᠪᠠᠨ ᠭᠠᠵᠠᠷ ᠲᠤᠰᠢᠶᠠᠨ᠎ᠠ ᠭᠡᠯᠡ᠃
ᠴᠡᠷᠡᠨ᠂ ᠲᠡᠷᠡ ᠬᠣᠶᠠᠷ ᠲᠤᠨᠤᠭᠠᠯᠴᠢᠨ ᠯᠠᠮᠠ ᠶ᠋ᠢᠨ ᠬᠣᠢᠨ᠎ᠠ ᠠ᠋ᠴᠠ ᠨᠢ ᠭᠠᠷᠴᠤ ᠦᠵᠡᠪᠡᠯ᠂ ᠭᠠᠳᠠᠭ᠎ᠠ ᠴᠠᠰᠤᠨ ᠳᠡᠭᠡᠷ᠎ᠡ ᠶᠣᠢᠯᠠᠨ (ᠶᠣᠣᠯᠠᠨ)ᠰᠠᠭᠤᠵᠤ ᠪᠠᠢᠭᠰᠠᠨ ᠥᠨᠥᠬᠢ ᠡᠪᠦᠭᠡᠵᠢᠶᠡᠷ ᠭᠠᠮᠢᠩ ᠤ᠋ᠨ ᠬᠦᠵᠦᠭᠦᠦ ᠡᠴᠡ ᠰᠤᠷ ᠢ᠋ᠶ᠋ᠠᠷ ᠲᠠᠲᠠᠵᠤ ᠪᠤᠰᠬᠠᠭᠠᠳ᠂ ᠬᠠᠮᠰᠤᠮ ᠯᠠᠮᠠ ᠶ᠋ᠢᠨ ᠪᠠᠨᠳᠢ᠂ ᠲᠡᠭᠦᠨ ᠢ᠋ ᠮᠣᠷᠢᠨ ᠤ᠋ ᠤᠶᠠᠭᠠᠨ ᠤ᠋ ᠵᠦᠭ ᠴᠢᠷᠦᠯᠡ᠃
ᠬᠥᠭᠡᠷᠦᠬᠦᠢ ᠲᠡᠷᠡ ᠬᠢᠲᠠᠳ᠂ ᠮᠣᠷᠢᠨ ᠤ᠋ ᠤᠶᠠᠭᠠᠨ ᠳᠡᠭᠡᠷ᠎ᠡ ᠴᠢᠷᠦᠭᠳᠡᠵᠦ ᠣᠴᠢᠭᠠᠳ᠂ ᠴᠡᠷᠡᠨ ᠦ᠌ ᠵᠦᠭ ᠡᠷᠭᠢᠵᠦ ᠮᠡᠬᠦᠢᠨ ᠶᠣᠰᠣᠯᠠᠭᠠᠳ᠂ ᠬᠦᠵᠦᠭᠦᠦ ᠡᠴᠡ ᠣᠭᠣᠰᠣᠷᠯᠠᠭᠰᠠᠨ ᠰᠣᠷᠣᠨ ᠳ᠋ᠠᠭᠠᠨ ᠴᠢᠷᠦᠭᠳᠡᠨ᠂ ᠲᠡᠷᠡ ᠪᠠᠨᠳᠢ ᠶ᠋ᠢᠨ ᠮᠣᠷᠢᠨ ᠤ᠋ ᠬᠣᠢᠨ᠎ᠠ ᠠ᠋ᠴᠠ ᠠᠯᠬᠤᠪᠠ᠃
ᠴᠡᠷᠡᠨ ᠦ᠌ ᠨᠢᠳᠦᠨ ᠳ᠋ᠦ᠍ ᠨᠢᠯᠪᠤᠰᠤ ᠮᠡᠯᠲᠡᠭᠡᠨᠡᠵᠦ᠂ ᠬᠥᠭᠡᠷᠦᠬᠦᠢ ᠲᠡᠷᠡ ᠬᠢᠲᠠᠳ ᠢ᠋ ᠣᠭᠣᠰᠣᠷᠯᠠᠭᠤᠯᠤᠭᠠᠳ ᠴᠢᠷᠦᠭᠦᠯᠵᠦ ᠶᠠᠪᠤᠬᠤ ᠶ᠋ᠢ ᠬᠠᠷᠠᠭᠠᠳ᠂ ᠣᠳᠣ ᠡᠨᠡ ᠬᠣᠶᠠᠷ ᠤ᠋ᠨ ᠭᠠᠷ ᠲᠤ᠌ ᠮᠠᠭᠤ ᠪᠠᠨ ᠦᠵᠡᠵᠦ ᠳᠡ ᠭᠡᠵᠦ ᠲᠡᠰᠬᠡᠯ ᠦᠭᠡᠢ ᠦᠷᠦ ᠡᠪᠡᠳᠪᠡᠴᠦ᠂ ᠲᠡᠩᠬᠡᠷᠡᠭᠦᠯᠬᠦ ᠠᠷᠭ᠎ᠠ ᠦᠭᠡᠢ ᠠᠮᠠᠨ ᠳᠣᠲᠣᠷ᠎ᠠ ᠪᠠᠨ ᠮᠠᠨᠢ ᠤᠩᠰᠢᠵᠤ᠂ ᠬᠥᠪᠡᠭᠦᠨ ᠢ᠋ᠶ᠋ᠡᠨ ᠬᠥᠲᠥᠯᠦᠨ ᠭᠡᠷ ᠲᠡᠭᠡᠨ(ᠲᠤ ᠪᠡᠨ) ᠣᠷᠣᠯ᠎ᠠ᠃ ᠵᠢᠭᠠᠯ ᠬᠦᠦ ᠶ᠋ᠢᠨ ᠤᠬᠢᠯᠠᠵᠤ ᠬᠠᠯᠲᠠᠷ ᠪᠣᠯᠤᠭᠰᠠᠨ ᠨᠢᠭᠤᠷ ᠢ᠋ ᠤᠬᠢᠶᠠᠭᠠᠳ᠂ ᠭᠡᠷ ᠢ᠋ᠶ᠋ᠡᠨ ᠲᠠᠲᠠᠯᠠᠭᠠᠳ ᠥᠨᠥᠬᠢ ᠭᠠᠮᠢᠩ ᠤ᠋ᠨ ᠣᠷᠬᠢᠭᠰᠠᠨ ᠫᠤᠤ᠂ ᠰᠤᠮᠤ ᠲᠠᠢ ᠳ᠋ᠠᠢᠽᠢ ᠶ᠋ᠢ ᠬᠠᠨ᠎ᠠ ᠶ᠋ᠢᠨ ᠲᠣᠯᠣᠭᠠᠢ ᠠ᠋ᠴᠠ ᠡᠯᠭᠦᠭᠡᠳ᠂ ᠨᠢᠭᠡ ᠵᠠᠪ ᠲᠠᠭᠠᠨ( ᠳ᠋ᠤ᠌ ᠪᠠᠨ) ᠭᠠᠳᠠᠭ᠎ᠠ ᠭᠠᠷᠴᠤ ᠦᠵᠡᠲᠡᠯ᠎ᠡ᠂ ᠲᠦᠷᠦᠭᠦᠨ ᠦ᠌ ᠡᠪᠦᠭᠡᠨ ᠭᠠᠮᠢᠩ ᠬᠠᠷᠢᠨ ᠰᠢᠷᠴᠢᠨ ᠦ᠌ ᠮᠣᠷᠢ ᠶ᠋ᠢ ᠤᠨᠤᠵᠤ᠂ ᠰᠢᠷᠴᠢᠨ ᠠᠷᠤ ᠳ᠋ᠤᠨᠢ( ᠳ᠋ᠤ᠌ ᠨᠢ) ᠰᠤᠨᠳᠠᠯᠠᠨ ᠲᠦᠰᠢᠵᠦ ᠠᠢᠰᠤᠢ᠃
— ᠪᠢ᠂ ᠲᠡᠷᠡ ᠬᠥᠲᠥᠯ ᠦ᠋ᠨ ᠴᠠᠭᠠᠨ᠎ᠠ ᠡᠨᠡ ᠬᠥᠮᠦᠨ ᠲᠡᠢ ᠳᠠᠭᠠᠷᠢᠯᠳᠤᠯ᠎ᠠ᠃ ᠬᠥᠮᠦᠨ ᠲᠠᠰᠢᠭᠤᠷ ᠢ᠋ᠶ᠋ᠠᠷ ᠴᠣᠬᠢᠵᠤ ᠤᠨᠠᠭᠠᠭᠰᠠᠨ ᠪᠣᠯᠤᠯᠲᠠᠢ᠃ ᠪᠣᠰᠴᠤ ᠶᠠᠳᠠᠵᠤ ᠪᠠᠢᠬᠤ ᠳ᠋ᠤᠨᠢ(ᠳ᠋ᠤ᠌ ᠨᠢ) ᠳᠠᠭᠠᠷᠢᠯᠳᠤᠭᠠᠳ᠂ ᠶᠠᠭᠠᠬᠢᠵᠤ ᠬᠥᠮᠦᠨ ᠢ᠋ ᠡᠪᠦᠯ ᠦ᠋ᠨ ᠬᠦᠢᠲᠡᠨ ᠳ᠋ᠦ᠍ ᠡᠵᠡᠭᠦᠢ ᠬᠡᠭᠡᠷ᠎ᠡ ᠦᠬᠦᠭ ᠭᠡᠵᠦ ᠣᠷᠬᠢᠬᠤ ᠪᠣᠢ? ᠭᠡᠳ ᠮᠣᠷᠢᠨ ᠳ᠋ᠠᠭᠠᠨ( ᠳ᠋ᠤ᠌ ᠪᠠᠨ )ᠲᠦᠰᠢᠨ ᠮᠣᠷᠳᠠᠭᠤᠯᠵᠤ᠂ ᠭᠡᠷ ᠲᠡᠭᠡᠨ( ᠲᠤ ᠪᠡᠨ) ᠠᠪᠴᠢᠷᠠᠯ᠎ᠠ ᠭᠡᠵᠦ ᠰᠢᠷᠴᠢᠨ ᠦ᠌ ᠬᠡᠯᠡᠬᠦ ᠳ᠋ᠦ᠍᠂ ᠴᠡᠷᠡᠨ ᠲᠦᠰᠢᠨ ᠲᠤᠰᠠᠯᠠᠯᠴᠠᠵᠤ᠂ ᠲᠣᠯᠣᠭᠠᠢ ᠳᠦᠢᠷᠡᠵᠦ ᠲᠡᠩᠬᠡᠭᠡ ᠨᠢ ᠲᠠᠰᠤᠷᠠᠭᠰᠠᠨ ᠲᠡᠷᠡ ᠬᠢᠲᠠᠳ ᠢ᠋ ᠮᠣᠷᠢᠨ ᠠ᠋ᠴᠠ ᠪᠠᠭᠤᠯᠭᠠᠭᠠᠳ᠂ ᠭᠡᠷ ᠲᠡᠭᠡᠨ ( ᠲᠤ ᠪᠡᠨ) ᠣᠷᠣᠭᠤᠯᠤᠯᠴᠠᠪᠠ᠃
ᠰᠢᠷᠴᠢᠨ ᠢ᠋ ᠢᠷᠡᠬᠦ ᠶ᠋ᠢᠨ ᠡᠮᠦᠨ᠎ᠡ ᠪᠣᠯᠤᠭᠰᠠᠨ ᠬᠡᠷᠡᠭ ᠶᠠᠪᠤᠳᠠᠯ ᠢ᠋ ᠲᠣᠭᠠᠴᠢᠨ ᠬᠡᠯᠡᠵᠦ᠂ ᠲᠡᠷᠡ ᠬᠥᠭᠡᠷᠦᠬᠦᠢ ᠬᠢᠲᠠᠳ ᠲᠤ᠌ ᠬᠠᠷ᠎ᠠ ᠱᠥᠯᠥ ᠴᠢᠨᠠᠵᠤ ᠥᠭᠭᠦᠯ᠎ᠡ᠃
ᠲᠡᠷᠡ ᠭᠠᠮᠢᠩ ᠢ᠋ ᠥᠨᠥᠬᠢ ᠬᠣᠶᠠᠷ ᠯᠠᠮᠠ ᠠᠢᠯ ᠠ᠋ᠴᠠ ᠬᠣᠯᠠᠳᠠᠮᠠᠭᠴᠠ᠂ ᠡᠪᠦᠷ ᠲᠦᠷᠡᠢ ᠶ᠋ᠢ ᠨᠢ ᠨᠡᠩᠵᠢᠨ᠂ ᠪᠡᠶ᠎ᠡ ᠳ᠋ᠦ᠍ᠨᠢ( ᠳ᠋ᠦ᠍ ᠨᠢ) ᠶᠠᠪᠤᠭᠰᠠᠨ ᠲᠠᠪᠤᠨ ᠶᠠᠩᠴᠢᠶᠠᠨ ᠢ᠋ ᠠᠪᠤᠭᠠᠳ᠂ ᠲᠠᠰᠢᠭᠤᠷ ᠢ᠋ᠶ᠋ᠠᠷ ᠴᠣᠬᠢᠨ ᠤᠨᠠᠭᠠᠵᠤ᠂ ᠳᠣᠪᠲᠣᠯᠤᠨ ᠵᠠᠢᠯᠠᠭᠰᠠᠨ ᠪᠠᠢᠪᠠ᠃
ᠰᠢᠷᠴᠢᠨ ᠶᠡᠬᠡᠯ᠎ᠡ (ᠶᠡᠬᠡ ᠯᠡ) ᠬᠣᠷᠣᠰᠴᠤ᠂ ᠲᠡᠷᠡ ᠬᠣᠶᠠᠷ ᠪᠠᠩᠵᠠᠯ ᠲᠠᠢ ᠴᠢᠨᠣ᠎ᠠ ᠶ᠋ᠢ ᠮᠠᠨᠠᠢᠬᠢ(ᠮᠠᠨ ᠤ᠋ ᠬᠢ ) ᠪᠡᠷ ᠣᠷᠣᠵᠤ ᠲᠦᠢᠪᠡᠭᠡᠬᠦ ᠶ᠋ᠢ ᠮᠡᠳᠡᠭᠰᠡᠨ ᠦᠭᠡᠢ ᠭᠡᠳ ᠴᠡᠷᠡᠨ ᠦ᠌ ᠰᠡᠳᠬᠢᠯ ᠢ᠋ ᠵᠠᠰᠠᠵᠤ ᠥᠭᠦᠯᠡᠷᠦᠨ᠂ ᠲᠡᠷᠡ ᠬᠣᠶᠠᠷ ᠠ᠋ᠴᠠ ᠪᠣᠯᠵᠤ ᠭᠤᠲᠤᠵᠤ ᠭᠣᠨᠢᠭᠠᠷᠠᠭᠠᠳ ᠶᠠᠭᠠᠬᠢᠬᠤᠪ᠃ ᠴᠢᠮ᠎ᠠ ᠠ᠋ᠴᠠ ᠲᠡᠷᠡ ᠬᠣᠶᠠᠷ ᠬᠥᠮᠦᠨ ᠠᠯᠪᠠᠨ ᠪᠢᠴᠢᠭ ᠢ᠋ᠶ᠋ᠡᠷ ᠳᠠᠯᠠᠢᠯᠭᠠᠵᠤ᠂ ᠬᠠᠷ᠎ᠠ ᠬᠦᠴᠦ ᠪᠡᠷ ᠠᠯᠲᠠᠨ ᠪᠥᠭᠡᠵᠢ ᠶ᠋ᠢ ᠪᠤᠯᠢᠶᠠᠵᠤ ᠠᠪᠤᠭᠰᠠᠨ ᠨᠢ ᠳᠦᠭᠦᠷᠦᠭᠰᠡᠨ ᠬᠡᠷᠡᠭ᠃ ᠬᠠᠷᠢᠨ ᠴᠢ ᠪᠢᠳᠡ ᠬᠣᠶᠠᠷ᠂ ᠬᠥᠮᠦᠨ ᠦ᠌ ᠠᠮᠢ ᠶ᠋ᠢ ᠬᠣᠶᠠᠷ ᠤᠳᠠᠭ᠎ᠠ ᠠᠪᠤᠷᠠᠭᠰᠠᠨ ᠨᠢ ᠪᠠᠬᠠᠳᠤᠯ ᠲᠠᠢ᠃ ᠠᠯᠲᠠ ᠭᠡᠳᠡᠭ ᠢ᠋ ᠠᠮᠢᠳᠤ ᠶᠠᠪᠤᠪᠠᠯ ᠣᠯᠬᠤ᠂ ᠬᠥᠮᠦᠨ ᠦ᠌ ᠠᠯᠲᠠᠨ ᠠᠮᠢ ᠭᠡᠳᠡᠭ ᠬᠠᠷᠢᠨ ᠣᠯᠬᠤ ᠳ᠋ᠤ᠌ ᠴᠤᠬᠠᠭ ᠶᠤᠮ ᠪᠢᠰᠢ ᠤᠤ? ᠪᠢᠳᠡ ᠬᠣᠶᠠᠷ ᠡᠪᠦᠭᠡᠳ ᠦ᠋ᠨ ᠮᠡᠷᠭᠡᠨ ᠦᠭᠡ ᠪᠡᠷ ᠠᠮᠢᠳᠤ ᠶᠠᠪᠤᠪᠠᠯ ᠠᠯᠲᠠᠨ ᠠᠶᠠᠭ᠎ᠠ ᠪᠠᠷ ᠷᠠᠰᠢᠶᠠᠨ ᠤᠮᠳᠠ ᠤᠤᠭᠤᠬᠤ ᠴᠠᠭ ᠢᠷᠡᠬᠦ ᠪᠣᠢ ᠭᠡᠯᠡ᠃
ᠦᠳᠡᠰᠢ ᠰᠢᠷᠴᠢᠨ᠂ ᠲᠠᠪᠤ ᠠᠷᠪᠠᠨ ᠬᠢᠲᠠᠳ ᠦᠭᠡ ᠤᠷᠢᠳᠤ ᠴᠡᠷᠢᠭ ᠲᠦ᠍ ᠶᠠᠪᠤᠬᠤ ᠳ᠋ᠠᠭᠠᠨ ᠰᠤᠷᠤᠭᠰᠠᠨ ᠢ᠋ ᠰᠠᠨᠠᠵᠤ᠂ ᠮᠣᠩᠭᠣᠯ ᠬᠢᠲᠠᠳ ᠦᠭᠡ᠂ ᠭᠠᠷ ᠬᠥᠯ ᠦ᠋ᠨ ᠳᠣᠬᠢᠶ᠎ᠠ ᠨᠡᠢᠯᠡᠵᠦ᠂ ᠥᠨᠥᠬᠢ ᠡᠪᠦᠭᠡᠵᠢᠶᠡᠷ ᠳᠣᠲᠣᠷ ᠬᠥᠮᠦᠨ ᠲᠡᠢ ᠶᠠᠷᠢᠬᠤ ᠳ᠋ᠠᠭᠠᠨ᠂ ᠲᠡᠷᠡ ᠬᠥᠮᠦᠨ ᠢ᠋ ᠠᠨ ᠬᠤᠢ ᠮᠣᠵᠢ ᠶ᠋ᠢᠨ ᠬᠥᠮᠦᠨ᠂ ᠸᠠᠩ ᠡᠯ ᠪᠤᠶᠤ ᠸᠠᠩ ᠣᠪᠣᠭᠲᠤ ᠬᠣᠶᠠᠳᠤᠭᠠᠷ ᠬᠦᠦ ᠭᠡᠳᠡᠭ ᠨᠡᠷ᠎ᠡ ᠲᠡᠢ ᠬᠥᠮᠦᠨ᠂ ᠡᠴᠢᠭᠡ ᠡᠬᠡ ᠮᠠᠰᠢ ᠶᠠᠳᠠᠭᠤ ᠲᠠᠷᠢᠶᠠᠴᠢᠨ᠂ ᠨᠤᠲᠤᠭ ᠤ᠋ᠨ ᠨᠢᠭᠡᠨ ᠦᠮᠡᠬᠡᠢ ᠪᠠᠶᠠᠨ ᠠ᠋ᠴᠠ ᠠᠳᠬᠤ ᠶ᠋ᠢᠨ ᠴᠢᠨᠡᠭᠡᠨ ᠭᠠᠵᠠᠷ ᠲᠦᠷᠢᠶᠡᠰᠦᠯᠡᠨ ᠬᠥᠯᠥᠰᠥᠯᠡᠵᠦ ᠠᠮᠢ ᠵᠢᠭᠤᠳᠠᠭ᠃ ᠬᠡᠳᠦᠨ ᠵᠢᠯ ᠦ᠋ᠨ ᠡᠮᠦᠨ᠎ᠡ᠂ ᠪᠠᠷᠠᠭᠤᠨ ᠳᠠᠯᠠᠢ ᠶ᠋ᠢᠨ ᠤᠯᠤᠰ ᠤ᠋ᠨ ᠪᠠᠢᠯᠳᠤᠭᠠᠨ ᠳ᠋ᠤ᠌ ᠣᠷᠣᠯᠴᠠᠬᠤ ᠶᠡᠬᠡ ᠴᠡᠷᠢᠭ ᠲᠦ᠍ ᠳᠠᠢᠴᠢᠯᠠᠭᠳᠠᠨ᠂ ᠮᠣᠩᠭᠣᠯ ᠭᠠᠵᠠᠷ ᠰᠠᠨᠠᠮᠰᠠᠷ ᠦᠭᠡᠢ ᠲᠤᠰᠢᠶᠠᠯ ᠢ᠋ ᠳᠠᠭᠠᠵᠤ ᠢᠷᠡᠭᠡᠳ᠂ ᠠᠵᠢᠯ ᠠᠩᠭᠢ ᠳ᠋ᠤ᠌ ᠠᠯᠪᠠᠨ ᠬᠢᠵᠦ᠂ ᠤᠯᠢᠶᠠᠰᠤᠲᠠᠢ ᠶ᠋ᠢᠨ ᠲᠠᠰᠤᠯᠤᠨ ᠰᠢᠢᠳᠬᠡᠬᠦ ᠲᠦᠰᠢᠮᠡᠯ ᠮᠧᠩ ᠵᠢᠦᠢ ᠶ᠋ᠢᠨ ᠲᠣᠭᠣᠭ᠎ᠠ ᠪᠠᠷᠢᠵᠤ ᠪᠠᠢᠭᠰᠠᠨ᠂ ᠤᠯᠢᠶᠠᠰᠤᠲᠠᠢ ᠠ᠋ᠴᠠ ᠳᠤᠮᠳᠠᠳᠤ ᠤᠯᠤᠰ ᠤ᠋ᠨ ᠨᠤᠲᠤᠭ ᠵᠠᠢᠯᠠᠨ ᠤᠷᠭᠤᠬᠤ ᠦᠶᠡᠰ ᠵᠠᠮ ᠳ᠋ᠤ᠌ ᠮᠣᠷᠢ ᠤᠨᠤᠭ᠎ᠠ ᠡᠴᠡᠵᠦ᠂ ᠸᠠᠩ ᠣᠪᠣᠭᠲᠤ ᠬᠣᠶᠠᠳᠤᠭᠠᠷ ᠬᠦᠦ ᠶ᠋ᠢᠨ ᠤᠨᠤᠵᠤ ᠶᠠᠪᠤᠭᠰᠠᠨ ᠯᠠᠭᠤᠰᠠ ᠶ᠋ᠢ ᠲᠠᠰᠤᠯᠤᠨ ᠰᠢᠢᠳᠬᠡᠭᠴᠢ ᠲᠦᠰᠢᠮᠡᠯ ᠮᠧᠩ ᠵᠢᠦᠢ ᠶ᠋ᠢᠨ ᠠᠴᠢᠶ᠎ᠠ ᠠᠴᠢᠬᠤ ᠳ᠋ᠤ᠌ ᠬᠡᠷᠡᠭᠯᠡᠵᠦ᠂ ᠸᠠᠩ ᠣᠪᠣᠭᠲᠤ ᠶ᠋ᠢ ᠬᠡᠭᠡᠷ᠎ᠡ ᠣᠷᠬᠢᠭᠠᠳ ᠵᠢᠭᠤᠲᠠᠨ ᠣᠳᠤᠭᠰᠠᠨ ᠪᠢᠯᠡ᠃
ᠤᠯᠢᠶᠠᠰᠤᠲᠠᠢ ᠶ᠋ᠢᠨ ᠬᠠᠪᠢ ᠳ᠋ᠤ᠌ ᠸᠠᠩ ᠣᠪᠣᠭᠲᠤ ᠬᠣᠶᠠᠳᠤᠭᠠᠷ ᠬᠦᠦ ᠲᠡᠭᠦᠨ ᠦ᠌ ᠠᠬ᠎ᠠ ᠸᠠᠩ ᠣᠪᠣᠭᠲᠤ ᠨᠢᠭᠡᠳᠦᠭᠡᠷ ᠬᠦᠦ ᠭᠡᠳᠡᠭ ᠬᠥᠮᠦᠨ ᠪᠠᠢᠬᠤ ᠶᠣᠰᠣᠲᠠᠢ᠃ ᠮᠣᠩᠭᠣᠯ ᠭᠠᠵᠠᠷ ᠣᠨ ᠶᠡᠬᠡ ᠯᠡ ᠤᠳᠠᠭᠰᠠᠨ ᠬᠥᠮᠦᠨ ᠪᠢᠯᠡ᠃ ᠭᠠᠭᠴᠠ ᠬᠦ᠌᠂ ᠸᠠᠩ ᠣᠪᠣᠭᠲᠤ ᠬᠣᠶᠠᠳᠤᠭᠠᠷ ᠬᠦᠦ ᠴᠡᠷᠢᠭ ᠦ᠋ᠨ ᠲᠦᠰᠢᠮᠡᠯ ᠳ᠋ᠦ᠍ ᠵᠠᠷᠤᠭᠳᠠᠨ᠂ ᠭᠠᠳᠠᠭᠰᠢ ᠳᠤᠷ᠎ᠠ ᠪᠠᠷ ᠢ᠋ᠶ᠋ᠠᠨ ᠶᠠᠪᠤᠬᠤ ᠡᠷᠬᠡ ᠦᠭᠡᠢ ᠲᠤᠯᠠ᠂ ᠠᠬ᠎ᠠ ᠶ᠋ᠢᠨ ᠰᠤᠷᠠᠭ ᠨᠠᠷᠢᠨ ᠢ᠋ᠶ᠋ᠠᠷ ᠭᠠᠷᠭᠠᠵᠤ ᠴᠢᠳᠠᠭᠰᠠᠨ ᠦᠭᠡᠢ ᠭᠡᠵᠦ ᠶᠠᠷᠢᠭᠰᠠᠨ ᠤ᠋ ᠪᠦᠳᠦᠭᠦᠨ ᠲᠣᠢᠮᠣ ᠶ᠋ᠢ ᠰᠢᠷᠴᠢᠨ ᠭᠠᠳᠠᠷᠯᠠᠭᠠᠳ᠂ ᠬᠠᠪᠤᠷ ᠤ᠋ᠨ ᠰᠡᠭᠦᠯ ᠲᠠᠢᠰᠢ ᠪᠠᠬᠠᠨ ᠲᠩᠷᠢ ᠳᠤᠯᠠᠭᠠᠷᠠᠬᠤ ᠦᠶᠡᠰ᠂ ᠲᠡᠭᠦᠨ ᠦ᠌ ᠠᠬ᠎ᠠ ᠶ᠋ᠢᠨ ᠰᠤᠷᠠᠭ ᠢ᠋ ᠭᠠᠷᠭᠠᠵᠤ ᠥᠭᠭᠦᠨ᠎ᠡ᠃ ᠣᠳᠣ ᠲᠡᠷᠡ ᠬᠦᠷᠲᠡᠯ᠎ᠡ ᠲᠦᠷ ᠮᠠᠨᠠᠢᠳᠤ (ᠮᠠᠨ ᠤ᠋ ᠳ᠋ᠤ᠌ )ᠰᠠᠭᠤ᠃ ᠪᠠᠰᠠ ᠰᠠᠢ᠍ᠢ (ᠰᠠᠶᠢ) ᠶ᠋ᠢᠨ ᠬᠠᠮᠰᠣᠮ ᠯᠠᠮᠠ ᠰᠢᠭ᠋ ᠮᠠᠭᠤ ᠬᠥᠮᠦᠨ ᠦ᠌ ᠨᠢᠳᠦᠨ ᠳ᠋ᠦ᠍ ᠲᠣᠷᠬᠤ ᠡᠨᠡ ᠴᠡᠷᠢᠭ ᠳᠡᠭᠡᠯ(ᠳᠡᠪᠡᠯ) ᠢ᠋ᠶ᠋ᠡᠨ ᠴᠡᠷᠡᠨ ᠢ᠋ᠶ᠋ᠡᠷ ᠵᠢᠭᠠᠯᠭᠠᠨ ᠮᠣᠩᠭᠣᠯ ᠳᠡᠭᠡᠯ(ᠳᠡᠪᠡᠯ) ᠪᠣᠯᠭᠠᠵᠤ ᠦᠵᠡ ᠭᠡᠵᠦ ᠬᠡᠯᠡᠯ᠎ᠡ᠃
ᠲᠡᠷᠡ ᠸᠠᠩ ᠣᠪᠣᠭᠲᠤ ᠬᠣᠶᠠᠳᠤᠭᠠᠷ ᠬᠦᠦ᠂ ᠲᠣᠭᠣᠭ᠎ᠠ ᠪᠠᠷᠢᠬᠤ᠂ ᠮᠣᠳᠣᠨ ᠤ᠋ ᠳᠠᠷᠬ᠎ᠠ ᠬᠢᠬᠦ᠂ ᠦᠢᠯᠡ ᠭᠤᠲᠤᠯ ᠣᠶᠣᠬᠤ᠂ ᠶᠠᠭᠤᠮ᠎ᠠ ᠶᠠᠭᠤᠮᠠᠨ ᠳ᠋ᠤ᠌ ᠪᠤᠵᠠᠭᠠᠢ ᠡᠷ᠎ᠡ ᠪᠠᠢᠵᠠᠢ᠃
ᠭᠠᠮᠢᠩ ᠴᠡᠷᠢᠭ ᠳᠡᠭᠡᠯ(ᠳᠡᠪᠡᠯ) ᠢ᠋ᠶ᠋ᠡᠨ ᠲᠡᠳᠦᠬᠡᠨ ᠮᠣᠩᠭᠣᠯ ᠳᠡᠭᠡᠯ(ᠳᠡᠪᠡᠯ) ᠪᠣᠯᠭᠠᠭᠠᠳ ᠰᠢᠷᠴᠢᠨ ᠦ᠌ ᠳ᠋ᠦ᠍ ᠪᠠᠢᠭᠰᠠᠨ ᠬᠠᠮᠤᠭ ᠬᠠᠭᠤᠴᠢᠨ᠂ ᠤᠯᠠ ᠦᠭᠡᠢ ᠭᠤᠲᠤᠯ ᠢ᠋ ᠤᠯᠠ ᠲᠠᠲᠠᠵᠤ ᠭᠦᠢᠴᠡᠭᠡᠳ᠂ ᠲᠡᠮᠦᠷ ᠬᠦᠦ ᠲᠡᠢ ᠶᠡᠬᠡ ᠨᠠᠢᠵᠠ ᠪᠣᠯᠵᠤ᠂ ᠲᠡᠷᠡ ᠵᠢᠭᠠᠯ ᠳ᠋ᠤ᠌ ᠨᠢᠭᠡ ᠬᠥᠭᠡᠷᠦᠬᠦᠨ ᠨᠠᠭᠠᠮᠠᠯ ᠤᠯᠠ ᠲᠠᠢ ᠭᠤᠲᠤᠯ ᠣᠶᠣᠵᠤ ᠥᠭᠭᠦᠭᠡᠳ᠂ ᠴᠡᠷᠡᠨ ᠦ᠌ ᠪᠣᠷᠣ ᠬᠣᠭᠣᠯᠠ ᠪᠠᠨ ᠬᠢᠬᠦ ᠳ᠋ᠦ᠍ᠨᠢ( ᠳ᠋ᠦ᠍ ᠨᠢ) ᠲᠤᠰᠠᠯᠠᠯᠴᠠᠵᠤ᠂ ᠭᠤᠯᠢᠷ ᠲᠠᠢ ᠮᠢᠬ᠎ᠠ ᠲᠠᠢ ᠶᠠᠩᠵᠤ ᠪᠦᠷᠢ ᠶ᠋ᠢᠨ ᠬᠣᠭᠣᠯᠠ ᠬᠢᠳᠡᠭ ᠪᠣᠯᠤᠭᠰᠠᠨ ᠢ᠋ ᠴᠡᠷᠡᠨ ᠲᠡᠮᠦᠷ ᠬᠣᠶᠠᠷ᠂ ᠶᠡᠷᠦ ᠬᠥᠮᠦᠨ ᠪᠣᠯᠤᠭᠰᠠᠭᠠᠷ ᠢᠳᠡᠵᠦ ᠦᠵᠡᠭᠡ ᠦᠭᠡᠢ ᠨᠠᠷᠢᠨ ᠰᠠᠢᠬᠠᠨ ᠬᠣᠭᠣᠯᠠ ᠭᠡᠵᠦ ᠶᠡᠬᠡᠯ᠎ᠡ( ᠶᠡᠬᠡ ᠯᠡ) ᠪᠠᠬᠠᠳᠤᠳᠠᠭ ᠪᠠᠢᠯ᠎ᠠ᠃
ᠸᠠᠩ ᠣᠪᠣᠭᠲᠤ ᠶ᠋ᠢᠨ ᠬᠣᠶᠠᠳᠤᠭᠠᠷ ᠬᠦᠦ ᠭᠡᠳᠡᠭ ᠲᠡᠷᠡ ᠡᠪᠦᠭᠡᠨ ᠪᠠᠰᠠ ᠵᠠᠪ ᠭᠠᠷᠪᠠᠯ᠂ ᠵᠢᠭᠠᠯ ᠲᠡᠮᠦᠷ ᠬᠦᠦ ᠳ᠋ᠦ᠍ ᠮᠣᠳᠣ ᠪᠠᠷ ᠡᠯᠳᠡᠪ ᠲᠣᠭᠯᠠᠭᠠᠮ ᠬᠢᠵᠦ᠂ ᠦᠳᠡᠰᠢ ᠣᠷᠣᠢ ᠨᠢ ᠮᠣᠩᠭᠣᠯ ᠬᠡᠯᠡ ᠤᠷᠤᠯᠳᠤᠵᠤ᠂ ᠡᠳᠦᠷ ᠴᠡᠷᠡᠨ ᠦ᠌ ᠭᠡᠷ ᠦ᠋ᠨ ᠠᠵᠢᠯ ᠳ᠋ᠤ᠌ ᠲᠤᠰᠠ ᠨᠡᠮᠡᠭᠦᠷᠢ ᠪᠣᠯᠬᠤ ᠭᠡᠵᠦ ᠠᠷᠤᠭ ᠡᠭᠦᠷᠦᠭᠡᠳ ᠴᠠᠰᠤ ᠠᠪᠴᠢᠷᠠᠵᠤ᠂ ᠴᠠᠢ ᠬᠣᠭᠣᠯᠠᠨ ᠤ᠋ ᠤᠰᠤ ᠪᠠᠷ ᠲᠠᠰᠤᠯᠳᠠᠬᠤ ᠦᠭᠡᠢ᠂ ᠶᠡᠬᠡ ᠰᠠᠨᠠᠭ᠎ᠠ ᠠᠮᠤᠷ ᠪᠣᠯᠤᠯ᠎ᠠ᠃
— — — —
* ᠲᠠᠬᠢᠶᠠᠨ ᠤ᠋ ᠢᠷᠠᠭᠤ ᠳᠠᠭᠤ᠂ ᠡᠭᠦᠯᠡᠰ ᠢ᠋ ᠨᠡᠪᠲᠡᠯᠪᠡ᠃ ᠲᠩᠷᠢ ᠮᠢᠨᠢ! ᠦᠷ ᠦ᠋ᠨ ᠲᠤᠶᠠᠭ᠎ᠠ ᠭᠡᠢᠯᠡ! ᠹᠷᠠᠨᠼᠢ ᠶ᠋ᠢᠨ ᠵᠣᠬᠢᠶᠠᠯᠴᠢ ᠸᠢᠺᠲ᠋ᠣᠷ ᠭᠶᠦ᠋ᠭᠣ ᠶ᠋ᠢᠨ ᠰᠢᠯᠦᠭᠯᠡᠯ ᠡᠴᠡ
ᠨᠢᠭᠡᠨ ᠣᠷᠣᠢ ᠡᠪᠦᠭᠡᠨ ᠯᠣᠣᠵᠠᠩ᠂ ᠰᠢᠷᠴᠢᠨ ᠦ᠌ ᠳ᠋ᠦ᠍ ᠢᠷᠡᠵᠦ᠂ ᠵᠠᠯᠠᠭᠤ ᠨᠠᠰᠤᠨ ᠳ᠋ᠠᠭᠠᠨ (ᠳ᠋ᠤ᠌ ᠪᠠᠨ) ᠠᠶᠠᠨ ᠵᠢᠩ ᠳ᠋ᠦ᠍ ᠶᠡᠬᠡᠯ᠎ᠡ (ᠶᠡᠬᠡ ᠯᠡ) ᠶᠠᠪᠤᠭᠰᠠᠨ ᠲᠡᠷᠡ ᠡᠪᠦᠭᠡᠨ᠂ ᠬᠢᠲᠠᠳ ᠬᠡᠯᠡ ᠨᠡᠯᠢᠶᠡᠳ ᠭᠠᠳᠠᠷᠯᠠᠬᠤ ᠲᠤᠯᠠ ᠸᠠᠩ ᠣᠪᠣᠭᠲᠤ ᠲᠠᠢ ᠶᠠᠷᠢᠵᠤ᠂ ᠲᠡᠭᠦᠨ ᠦ᠌ ᠶᠠᠪᠤᠳᠠᠯ ᠢ᠋ ᠣᠯᠵᠤ ᠰᠣᠨᠣᠰᠤᠭᠠᠳ᠂ ᠭᠡᠨᠡᠳᠲᠡ ᠭᠤᠶ᠎ᠠ ᠪᠠᠨ ᠠᠯᠠᠭᠠᠳᠠᠨ ᠥᠭᠦᠯᠡᠷᠦᠨ᠄
— ᠦᠭᠡᠢ᠂ ᠪᠢ ᠴᠢᠨᠦ ᠠᠬ᠎ᠠ ᠶ᠋ᠢ ᠲᠠᠨᠢᠳᠠᠭ ᠶᠤᠮ ᠪᠠᠢᠨ᠎ᠠ ᠰᠢᠦ! ᠸᠠᠩ ᠣᠪᠣᠭᠲᠤ ᠨᠢᠭᠡᠳᠦᠭᠡᠷ ᠬᠦᠦ ᠭᠡᠳᠡᠭ ᠴᠢᠨᠢ ᠣᠳᠣ ᠤᠯᠢᠶᠠᠰᠤᠲᠠᠢ ᠶ᠋ᠢᠨ ᠲᠡᠨᠳᠡ ᠲᠠᠷᠢᠶ᠎ᠠ ᠲᠠᠷᠢᠵᠤ ᠰᠠᠭᠤᠳᠠᠭ᠃ ᠶᠢᠰᠦᠭᠡᠳ ᠵᠢᠯ ᠦ᠋ᠨ ᠡᠮᠦᠨ᠎ᠡ᠂ ᠤᠯᠢᠶᠠᠰᠤᠲᠠᠢ ᠶ᠋ᠢᠨ ᠮᠠᠨᠵᠤ ᠴᠡᠷᠢᠭ ᠦ᠋ᠨ ᠬᠦᠴᠦᠨ ᠢ᠋ ᠵᠤᠵᠠᠭᠠᠳᠬᠠᠬᠤ ᠳ᠋ᠤ᠌ ᠬᠦᠢ ᠵᠠᠩᠵᠤᠨ᠂ ᠨᠤᠲᠤᠭ ᠤ᠋ᠨ ᠢᠷᠭᠡᠨ ᠢ᠋ ᠴᠡᠷᠢᠭ ᠪᠣᠯᠭᠠᠵᠤ᠂ ᠴᠢᠨᠦ ᠠᠬ᠎ᠠ ᠴᠢᠨᠢ᠂ ᠣᠢᠷ᠎ᠠ ᠵᠠᠭᠤᠷ᠎ᠠ ᠴᠡᠷᠢᠭ ᠴᠦ᠍ ᠪᠣᠯᠵᠤ ᠶᠠᠪᠤᠭᠰᠠᠨ ᠤᠳᠠᠭ᠎ᠠ ᠪᠣᠢ ᠪᠢᠯᠡ᠃ ᠲᠡᠷᠡ ᠪᠢᠳᠡ ᠬᠣᠶᠠᠷ ᠬᠠᠭᠤᠴᠢᠨ ᠲᠠᠨᠢᠯ ᠪᠠᠢᠬᠤ ᠦᠭᠡᠢ ᠤᠤ᠃ ᠣᠳᠣ ᠴᠤ᠌ ᠠᠬ᠎ᠠ ᠲᠠᠢ ᠪᠠᠨ ᠠᠭᠤᠯᠵᠠᠨ᠎ᠠ ᠭᠡᠵᠦ ᠨᠢᠭᠡ ᠶᠡᠬᠡ ᠪᠤᠤ(ᠪᠢᠲᠡᠭᠡᠢ) ᠶᠠᠭᠠᠷᠠ᠃ ᠴᠠᠭ ᠲᠥᠷᠥ ᠰᠠᠮᠠᠭᠤᠨ᠂ ᠴᠢᠮᠠᠶ᠋ᠢ(ᠴᠢᠮ᠎ᠠ ᠶ᠋ᠢ )ᠠᠬ᠎ᠠ ᠶ᠋ᠢ ᠪᠡᠨ ᠡᠷᠢᠵᠦ ᠶᠠᠪᠤᠲᠠᠯ᠎ᠠ ᠴᠢᠨᠢ ᠮᠠᠭᠤ ᠬᠥᠮᠦᠨ ᠳᠠᠭᠠᠷᠢᠯᠳᠤᠭᠠᠳ᠂ ᠠᠮᠢ ᠠᠯᠳᠠᠪᠠᠯ ᠶᠠᠭᠤᠨ ᠰᠠᠢᠨ ᠪᠠᠢᠬᠤ ᠪᠣᠢ᠃ ᠵᠤᠨ ᠪᠣᠯᠲᠠᠯ᠎ᠠ ᠴᠢ ᠡᠨᠳᠡ ᠪᠠᠨ ᠯᠠ ᠬᠡᠪᠲᠡ᠃ ᠣᠳᠣ ᠤᠯᠢᠶᠠᠰᠤᠲᠠᠢ ᠳ᠋ᠤ᠌ ᠸᠠᠨᠳᠠᠨᠣᠸ ᠭᠡᠳᠡᠭ ᠪᠤᠷᠢᠶᠠᠳ᠂ ᠺᠠᠽᠠᠭ ᠴᠡᠷᠢᠭ ᠦ᠋ᠨ ᠨᠣᠶᠠᠨ᠂ ᠮᠣᠩᠭᠣᠯ ᠲᠦᠪᠰᠢᠨᠪᠠᠶᠠᠷ ᠬᠦᠩ ᠭᠡᠳᠡᠭ ᠡᠢᠮᠦ ᠬᠣᠶᠠᠷ ᠨᠣᠶᠠᠨ᠂ ᠪᠠᠷᠣᠨ ᠵᠠᠩᠵᠤᠨ ᠤ᠋ ᠲᠤᠰᠢᠶᠠᠯ ᠢ᠋ᠶ᠋ᠠᠷ ᠴᠡᠷᠢᠭ ᠳᠠᠢᠴᠢᠯᠠᠨ᠎ᠠ ᠭᠡᠵᠦ ᠦᠢᠮᠡᠭᠦᠯᠵᠦ ᠪᠠᠢᠭ᠎ᠠ ᠭᠡᠵᠦ ᠡᠪᠦᠭᠡᠨ ᠯᠣᠣᠵᠠᠩ ᠨᠤᠲᠤᠭ ᠤ᠋ᠨ ᠰᠣᠨᠢᠨ ᠢ᠋ ᠶᠠᠷᠢᠬᠤ ᠳ᠋ᠠᠭᠠᠨ (ᠳ᠋ᠤ᠌ ᠪᠠᠨ)᠂ ᡀᠠ ᠪᠠᠢᠰᠠ ᠶ᠋ᠢᠨ ᠬᠤᠰᠢᠭᠤᠨ ᠳ᠋ᠤ᠌ ᠪᠠᠷᠣᠨ ᠤ᠋ ᠴᠡᠷᠢᠭ ᠲᠦ᠍ ᠡᠷᠡᠴᠦᠳ ᠢ᠋ ᠳᠠᠢᠴᠢᠯᠠᠬᠤ ᠰᠤᠷᠠᠭ ᠭᠠᠷᠴᠤ ᠪᠠᠢᠨ᠎ᠠ᠃ ᠪᠢ ᠴᠢᠮᠠᠲᠤ(ᠴᠢᠮ᠎ᠠ ᠳ᠋ᠤ᠌) ᠡᠭᠦᠨ ᠢ᠋ ᠤᠷᠢᠲᠠᠵᠤ ᠳᠣᠭᠣᠯᠭᠠᠬᠤ ᠭᠡᠵᠦ ᠢᠷᠡᠯ᠎ᠡ ᠭᠡᠵᠦ ᠰᠢᠷᠴᠢᠨ ᠳ᠋ᠦ᠍ ᠬᠡᠯᠡᠭᠡᠳ᠂ ᠴᠢ ᠡᠨᠡ ᠴᠡᠷᠢᠭ ᠲᠠᠲᠠᠬᠤ ᠳ᠋ᠤ᠌ ᠬᠡᠭᠡᠯᠢ ᠴᠢᠳᠬᠤᠵᠤ ᠪᠠᠢᠭᠠᠳ ᠮᠤᠯᠲᠤᠷᠠᠵᠤ ᠦᠵᠡ ᠭᠡᠵᠦ ᠵᠠᠬᠢᠵᠤ ᠥᠭᠦᠯᠡᠷᠦᠨ᠄
— ᠪᠢ ᠴᠢᠮᠠᠶ᠋ᠢ( ᠴᠢᠮ᠎ᠠ ᠶ᠋ᠢ) ᠬᠦᠦ ᠶ᠋ᠢᠨ ᠠᠳᠠᠯᠢ ᠳᠣᠲᠣᠨᠣ ᠦᠵᠡᠳᠡᠭ ᠤᠴᠢᠷ᠂ ᠬᠦᠢᠲᠡᠨ ᠳ᠋ᠦ᠍ ᠵᠢᠷᠦᠬᠡᠯᠡᠵᠦ᠂ ᠴᠢᠮᠠᠲᠠᠢ (ᠴᠢᠮ᠎ᠠ ᠲᠠᠢ )ᠡᠨᠡ ᠲᠤᠬᠠᠢ ᠬᠡᠷᠡᠭ ᠪᠣᠯᠭᠠᠵᠤ᠂ ᠠᠭᠤᠯᠵᠠᠬᠤ ᠭᠡᠵᠦ ᠬᠦᠷᠴᠦ ᠢᠷᠡᠯ᠎ᠡ᠃ ᠴᠢ ᠪᠢᠲᠡᠭᠡᠢ ᠪᠠᠷᠣᠨ ᠤ᠋ ᠴᠡᠷᠢᠭ ᠲᠦ᠍ ᠮᠣᠷᠳᠠᠵᠤ᠂ ᠠᠷᠠᠳ ᠠᠮᠢᠲᠠᠨ ᠤ᠋ ᠴᠢᠰᠤ ᠨᠥᠵᠢ ᠤᠷᠤᠰᠬ᠎ᠠ᠃ ᠪᠢᠳᠡᠨ ᠢ᠋ ᠳᠠᠬᠢᠨ ᠬᠠᠭᠤᠴᠢᠨ ᠠᠳᠠᠯᠢ ᠲᠠᠯᠬᠢᠨ ᠳ᠋ᠠᠭᠠᠨ( ᠳ᠋ᠤ᠌ ᠪᠠᠨ) ᠣᠷᠣᠭᠤᠯᠵᠤ ᠳᠠᠷᠤᠯᠠᠬᠤ ᠶ᠋ᠢ ᠡᠷᠡᠮᠡᠯᠵᠡᠭᠰᠡᠨ ᠬᠠᠷᠢ ᠶ᠋ᠢᠨ ᠳᠠᠷᠤᠯᠠᠩᠭᠤᠢ ᠬᠠᠷᠭᠢᠰ ᠴᠡᠷᠢᠭ ᠲᠡᠢ ᠪᠠᠢᠯᠳᠤᠵᠤ ᠶᠠᠪᠤᠭᠰᠠᠨ ᠢ᠋ᠶ᠋ᠠᠨ ᠪᠣᠳᠣᠵᠤ ᠦᠵᠡ᠂ ᠣᠳᠣ ᠮᠠᠨᠠᠢ( ᠮᠠᠨ ᠤ᠋) ᠠᠷᠠᠳ ᠲᠦᠮᠡᠨ ᠢ᠋ ᠳᠠᠷᠤᠯᠠᠨ ᠮᠥᠯᠵᠢᠵᠦ ᠪᠠᠢᠭ᠎ᠠ ᠬᠠᠷᠭᠢᠰ ᠤ᠋ᠳ ᠤ᠋ᠨ ᠲᠠᠯ᠎ᠠ ᠳ᠋ᠤ᠌ ᠣᠷᠣᠵᠤ ᠪᠠᠢᠯᠳᠤᠪᠠᠯ ᠴᠢᠨᠢ᠂ ᠬᠣᠵᠢᠮ ᠴᠢ ᠰᠢᠳᠤᠷᠭᠤ ᠬᠥᠮᠦᠨ ᠦ᠌ ᠥᠭᠡᠳᠡ ᠡᠴᠡ ᠶᠠᠮᠠᠷ ᠨᠢᠭᠤᠷ ᠢ᠋ᠶ᠋ᠠᠷ ᠬᠠᠷᠠᠬᠤ ᠪᠣᠢ? ᠭᠡᠳᠡᠭ ᠢ᠋ ᠴᠢ ᠪᠣᠳᠣᠬᠤ ᠶᠣᠰᠣᠲᠠᠢ ᠪᠢᠰᠢᠦ(ᠪᠢᠰᠢ ᠤᠤ)? ᠭᠡᠬᠦ ᠳ᠋ᠦ᠍ᠨᠢ(ᠳ᠋ᠦ᠍ ᠨᠢ)ᠰᠢᠷᠴᠢᠨ ᠥᠴᠢᠷᠦᠨ᠄
— ᠡᠪᠦᠭᠡᠨ ᠭᠤᠸᠠᠢ ᠮᠢᠨᠢ ᠠ᠋! ᠪᠢ ᠪᠠᠷᠤᠨ ᠤ᠋ ᠴᠡᠷᠢᠭ ᠲᠦ᠍ ᠶᠡᠷᠦ ᠮᠣᠷᠳᠠᠨ᠎ᠠ ᠭᠡᠵᠦ ᠣᠭᠲᠣ ᠪᠣᠳᠣᠳᠠᠭ ᠦᠭᠡᠢ᠃ ᠣᠳᠣ ᠲᠠᠨ ᠤ᠋ ᠬᠡᠯᠡᠭᠰᠡᠨ ᠡᠴᠡ ᠬᠣᠢᠰᠢ᠂ ᠪᠦᠷ ᠴᠦ᠍ ᠬᠥᠳᠡᠯᠬᠦ ᠦᠭᠡᠢ ᠪᠣᠯᠤᠯ᠎ᠠ᠃ ᠪᠠᠢᠳᠠᠭ ᠬᠥᠷᠥᠩᠭᠡ ᠮᠠᠯ ᠢ᠋ᠶ᠋ᠠᠨ ᠥᠭᠴᠦ᠂ ᠲᠡᠷᠡ ᠠᠯᠪᠠᠨ ᠠ᠋ᠴᠠ ᠰᠠᠯᠬᠤ ᠶ᠋ᠢ ᠪᠣᠳᠣᠨ᠎ᠠ ᠭᠡᠬᠦ ᠳ᠋ᠦ᠍ᠨᠢ᠂
— ᠴᠢᠨᠦ ᠲᠡᠷᠡ ᠦᠭᠡ ᠶ᠋ᠢ ᠰᠣᠨᠣᠰᠤᠭᠠᠳ᠂ ᠶᠡᠷᠦ ᠴᠢᠮᠠᠶ᠋ᠢ ᠵᠦᠭᠡᠷ ᠬᠥᠮᠦᠨ ᠭᠡᠵᠦ ᠪᠣᠳᠣᠵᠤ ᠶᠠᠪᠤᠭᠰᠠᠨ ᠮᠢᠨᠢ ᠦᠨᠡᠨ ᠪᠣᠯᠤᠯ᠎ᠠ ᠭᠡᠵᠦ ᠪᠢ ᠶᠡᠬᠡᠯ᠎ᠡ ᠤᠷᠮ᠎ᠠ ᠲᠠᠢ ᠪᠠᠢᠨ᠎ᠠ᠃ ᠴᠢ ᠲᠡᠭᠡᠵᠦ ᠭᠡᠷ ᠬᠥᠷᠥᠩᠭᠡ ᠪᠠᠯᠠᠯᠤᠭᠰᠠᠨ ᠤ᠋ ᠬᠡᠷᠡᠭ ᠦᠭᠡᠢ᠃ ᠨᠠᠳᠠᠳᠤ ᠬᠡᠳᠦᠢᠨ ᠬᠠᠳᠠᠭᠠᠯᠠᠵᠤ ᠪᠠᠢᠭᠰᠠᠨ ᠨᠢᠭᠡ ᠶᠤᠸᠠᠮᠪᠤᠤ ᠪᠣᠢ᠃ ᠲᠡᠷᠡ ᠵᠢᠯ ᠭᠣᠮᠪᠣ ᠵᠠᠬᠢᠷᠤᠭᠴᠢ ᠶ᠋ᠢᠨ ᠬᠡᠳᠦᠨ ᠠᠳᠤᠭᠤ ᠶ᠋ᠢ ᠪᠣᠷᠣᠯᠠᠭᠤᠯᠵᠤ ᠬᠠᠳᠠᠭᠠᠯᠠᠭᠰᠠᠨ ᠮᠥᠩᠭᠥᠨ ᠡᠴᠡ ᠦᠯᠡᠳᠡᠭᠰᠡᠨ ᠪᠢᠯᠡ᠃
ᠴᠢᠮᠠᠲᠤ ᠴᠡᠷᠢᠭ ᠦ᠋ᠨ ᠠᠯᠪᠠᠨ ᠠ᠋ᠴᠠ ᠮᠤᠯᠲᠤᠷᠠᠬᠤ ᠳ᠋ᠤ᠌ ᠬᠠᠬᠤᠤᠯᠢ ᠢᠳᠡᠭᠦᠯᠬᠦ ᠬᠡᠷᠡᠭ ᠭᠠᠷᠪᠠᠯ᠂ ᠲᠡᠷᠡ ᠶᠤᠸᠠᠮᠪᠤᠤ ᠶ᠋ᠢ ᠠᠪᠴᠤ ᠭᠣᠮᠪᠣ ᠵᠠᠬᠢᠷᠤᠭᠴᠢ ᠳ᠋ᠤ᠌ ᠬᠡᠭᠡᠯᠢ ᠴᠢᠳᠬᠤᠭᠠᠷᠠᠢ᠃ ᠮᠥᠩᠭᠥ ᠴᠠᠭᠠᠨ᠂ ᠭᠤ ᠵᠠᠬᠢᠷᠤᠭᠴᠢ ᠶ᠋ᠢᠨ ᠨᠢᠳᠦ ᠤᠯᠠᠭᠠᠨ ᠲᠤᠯᠠ ᠤᠷᠢᠳᠤ ᠨᠠᠳᠠᠳᠤ ᠠᠯᠳᠠᠭᠰᠠᠨ ᠬᠡᠳᠦᠨ ᠠᠳᠤᠭᠤᠨ ᠤ᠋ ᠪᠠᠨ ᠬᠡᠰᠢᠭ ᠡᠴᠡ ᠣᠳᠣ ᠬᠦᠷᠲᠡᠪᠡᠯ ᠬᠦᠷᠳᠡᠭ ᠯᠡ ᠳᠡ᠃ ᠲᠩᠷᠢ ᠮᠡᠳᠡᠭ! ᠪᠢ ᠭᠤ ᠵᠠᠬᠢᠷᠤᠭᠴᠢ ᠳ᠋ᠤ᠌ ᠂ ᠭᠤᠶ᠎ᠠ ᠪᠠᠨ ᠬᠦᠵᠢ ᠪᠡᠷ ᠲᠥᠭᠡᠨᠡᠭᠦᠯᠵᠦ ᠪᠠᠢᠭᠰᠠᠨ ᠪᠣᠯᠪᠠᠴᠤ᠂ ᠲᠡᠷᠡ ᠮᠥᠩᠭᠥᠨ ᠡᠴᠡ ᠶᠡᠷᠦ ᠬᠢᠮᠤᠰᠤᠨ ᠤ᠋ ᠬᠠᠷ᠎ᠠ ᠶ᠋ᠢᠨ ᠲᠡᠳᠦᠢ ᠶ᠋ᠢ ᠴᠦ᠍ ᠬᠠᠷ᠎ᠠ ᠠᠮᠢᠨ ᠳ᠋ᠠᠭᠠᠨ ᠬᠡᠷᠡᠭᠯᠡᠭᠰᠡᠨ ᠦᠭᠡᠢ᠂ ᠴᠥᠮ ᠢ᠋ ᠰᠠᠢᠨ ᠬᠥᠮᠦᠨ ᠦ᠌ ᠶᠠᠳᠠᠬᠤ ᠭᠠᠴᠢᠭᠳᠠᠬᠤ ᠳ᠋ᠤ᠌᠂ ᠲᠡᠩᠬᠡᠷᠡᠭᠦᠯᠬᠦ ᠳ᠋ᠦ᠍ ᠵᠣᠷᠢᠭᠤᠯᠵᠤ᠂ ᠵᠢᠷᠤᠮᠲᠤ ᠰᠠᠢᠨ ᠡᠷ᠎ᠡ ᠶ᠋ᠢᠨ ᠶᠣᠰᠣ ᠳᠠᠭᠠᠵᠤ ᠶᠠᠪᠤᠭᠰᠠᠨ ᠪᠢᠯᠡ᠃ ᠤᠮᠠᠷ᠎ᠠ ᠵᠦᠭ ᠲᠦ᠍ ᠬᠢᠶᠠᠭᠲᠤ ᠬᠠᠪᠢ ᠳ᠋ᠤ᠌ ᠰᠦᠬᠡᠪᠠᠭᠠᠲᠤᠷ᠂ ᠴᠣᠢᠪᠠᠯᠰᠠᠩ ᠤ᠋ᠨ ᠵᠢᠷᠤᠮ ᠤ᠋ᠨ ᠴᠡᠷᠢᠭ ᠬᠦᠴᠦᠨ ᠵᠤᠵᠠᠭᠠᠳᠬᠠᠵᠤ᠂ ᠬᠠᠷᠭᠢᠰ ᠭᠠᠮᠢᠩ ᠢ᠋ ᠬᠠᠶᠠ ᠬᠠᠶᠠ ᠰᠣᠴᠢᠭᠠᠨ ᠴᠢᠮ ᠴᠢᠮ ᠬᠢᠯᠭᠡᠵᠦ ᠪᠠᠢᠭ᠎ᠠ ᠰᠤᠷᠠᠭ ᠪᠣᠢ᠃ ᠮᠠᠨᠠᠢ ᠡᠪᠦᠭᠡᠳ ᠳᠡᠭᠡᠳᠦᠰ᠂ ᠣᠷᠣᠰ ᠤᠯᠤᠰ ᠮᠠᠨᠠᠢ ᠮᠣᠩᠭᠣᠯ ᠳ᠋ᠤ᠌ ᠲᠤᠰᠠᠯᠠᠬᠤ ᠲᠡᠦᠬᠡ ᠲᠡᠢ᠂ ᠮᠠᠨᠠᠢ ᠡᠷᠬᠡ ᠴᠢᠯᠥᠭᠡ ᠬᠣᠢᠲᠤ ᠵᠦᠭ ᠡᠴᠡ ᠮᠠᠨᠳᠤᠬᠤ ᠶᠤᠮ ᠭᠡᠵᠦ ᠬᠡᠯᠡᠯᠴᠡᠳᠡᠭ ᠶᠤᠮᠰᠠᠨ᠃ ᠲᠡᠷᠡ ᠴᠠᠭ ᠨᠢ ᠣᠳᠣ ᠯᠠ ᠣᠢᠷᠠᠲᠤᠵᠤ ᠪᠠᠢᠭ᠎ᠠ ᠶᠤᠮ ᠪᠣᠯᠤᠯᠲᠠᠢ᠃ ᠤᠯᠠᠭᠠᠨ ᠣᠷᠣᠰ ᠤ᠋ᠨ ᠶᠡᠬᠡ ᠬᠥᠮᠦᠨ ᠯᠧᠨᠢᠨ ᠲᠤᠰᠠᠯᠠᠮᠵᠢ ᠦᠵᠡᠭᠦᠯᠦᠨ᠎ᠡ ᠭᠡᠵᠦ ᠰᠦᠬᠡᠪᠠᠭᠠᠲᠤᠷ᠂ ᠴᠣᠢᠪᠠᠯᠰᠠᠩ ᠬᠣᠶᠠᠷ ᠲᠤ᠌ ᠠᠮᠠ ᠥᠭᠭᠦᠭᠰᠡᠨ ᠶᠦᠮ ᠭᠡᠨ᠎ᠡ ᠪᠢᠯᠡ ᠭᠡᠬᠦ ᠳ᠋ᠦ᠍ᠨᠢ᠂ ᠭᠠᠯ ᠳ᠋ᠠᠭᠠᠨ ᠠᠷᠭᠠᠯ ᠬᠢᠵᠦ ᠰᠠᠭᠤᠭᠰᠠᠨ ᠴᠡᠷᠡᠨ᠂ ᠡᠪᠦᠭᠡᠨ ᠥᠭᠡᠳᠡ ᠬᠠᠷᠠᠭᠠᠳ᠂
— ᠯᠣᠣᠵᠠᠩ ᠭᠤᠸᠠᠢ᠂ ᠯᠧᠨᠢᠨ ᠭᠡᠳᠡᠭ ᠲᠡᠷᠡ ᠬᠥᠮᠦᠨ ᠲᠠᠨᠢ ᠶᠠᠮᠠᠷ ᠬᠥᠮᠦᠨ ᠪᠣᠢ? ᠬᠡᠮᠡᠪᠡᠰᠦ᠂ ᠯᠧᠨᠢᠨ ᠭᠡᠵᠦ ᠣᠷᠣᠰ ᠤᠯᠤᠰ ᠤ᠋ᠨ ᠠᠵᠢᠯᠴᠢᠨ ᠲᠠᠷᠢᠶᠠᠴᠢᠨ ᠤ᠋ ᠮᠠᠩᠯᠠᠢ ᠶᠡᠬᠡ ᠤᠳᠤᠷᠢᠳᠤᠭᠴᠢ ᠰᠠᠷᠲᠠᠸᠠᠬᠢ ᠬᠥᠮᠦᠨ᠃ ᠰᠲ᠋ᠠᠯᠢᠨ ᠭᠡᠵᠦ ᠲᠡᠭᠦᠨ ᠦ᠌ ᠨᠢᠭᠡᠨ ᠵᠢᠷᠤᠮ ᠤ᠋ᠨ ᠪᠠᠲᠤ ᠨᠥᠬᠥᠷ ᠪᠠᠢᠳᠠᠭ ᠶᠤᠮ ᠭᠡᠨ᠎ᠡ᠃ ᠮᠠᠨᠠᠢ(ᠮᠠᠨ ᠤ᠋) ᠤᠯᠤᠰ ᠤ᠋ᠨ ᠲᠥᠯᠥᠭᠡᠯᠡᠭᠴᠢ ᠨᠠᠷ ᠮᠣᠰᠺᠸᠠ ᠣᠷᠣᠵᠤ᠂ ᠯᠧᠨᠢᠨ ᠲᠡᠢ ᠠᠭᠤᠯᠵᠠᠵᠤ᠂ ᠯᠧᠨᠢᠨ ᠲᠡᠳᠡᠨ ᠳ᠋ᠦ᠍ ᠮᠣᠩᠭᠣᠯ ᠤᠯᠤᠰ ᠶᠠᠭᠠᠬᠢᠵᠤ ᠡᠷᠬᠡ ᠴᠢᠯᠥᠭᠡ ᠲᠡᠢ ᠲᠤᠰᠠᠭᠠᠷ ᠲᠣᠭᠲᠠᠨᠢᠬᠤ ᠪᠣᠯᠬᠤ ᠪᠣᠢ ᠭᠡᠳᠡᠭ ᠠᠷᠭ᠎ᠠ ᠰᠦᠪᠡ ᠵᠢᠭᠠᠵᠤ ᠰᠡᠩᠬᠡᠷᠡᠭᠦᠯᠦᠭᠰᠡᠨ ᠶᠦᠮ ᠭᠡᠨ᠎ᠡ ᠪᠢᠯᠡ᠃ ᠰᠲ᠋ᠠᠯᠢᠨ ᠮᠠᠨᠠᠢ ᠲᠥᠯᠥᠭᠡᠯᠡᠭᠴᠢ ᠨᠠᠷ ᠲᠠᠢ ᠶᠠᠷᠢᠬᠤ ᠳ᠋ᠠᠭᠠᠨ᠂ ᠮᠣᠩᠭᠣᠯ ᠬᠢᠲᠠᠳ ᠬᠣᠶᠠᠷ ᠤᠯᠤᠰ ᠤ᠋ᠨ ᠠᠷᠠᠳ ᠲᠦᠮᠡᠨ ᠢ᠋ ᠬᠣᠭᠣᠷᠣᠨᠳᠣ ᠨᠢ ᠥᠰᠢᠶ᠎ᠡ ᠬᠣᠨᠵᠢᠨ ᠲᠠᠢ ᠪᠣᠯᠭᠠᠵᠤ ᠡᠪᠳᠡᠷᠡᠭᠦᠯᠦᠨ᠂ ᠬᠦᠵᠦᠭᠦᠨ ᠳᠡᠭᠡᠷ᠎ᠡ ᠨᠢ ᠬᠢᠲᠠᠳ ᠿᠢ ᠪᠧᠨ ᠦ᠌ * ᠡᠵᠡᠷᠬᠡᠭ ᠲᠦᠷᠢᠮᠡᠬᠡᠢ ᠶ᠋ᠢ ᠮᠣᠷᠳᠠᠭᠤᠯᠬᠤ ᠭᠡᠵᠦ ᠤᠯᠤᠰ ᠦᠨᠳᠦᠰᠦᠲᠡᠨ ᠦ᠌ ᠬᠣᠭᠣᠷᠣᠨᠳᠣ ᠠᠲᠠᠭ᠎ᠠ ᠵᠢᠲᠥᠭᠡ ᠲᠠᠷᠢᠵᠤ ᠶᠠᠪᠤᠳᠠᠭ ᠬᠣᠣᠷᠲᠠᠨ ᠤ᠋ ᠥᠭᠡᠳᠡ ᠡᠴᠡ ᠮᠣᠩᠭᠣᠯ ᠤ᠋ᠨ ᠲᠦᠮᠡᠨ ᠠᠷᠠᠳ ᠤ᠋ᠨ ᠬᠦᠴᠦᠨ ᠵᠣᠷᠢᠭ ᠢ᠋ ᠨᠢᠭᠡᠨ ᠰᠡᠳᠬᠢᠯ ᠢ᠋ᠶ᠋ᠡᠷ ᠬᠠᠨᠳᠤᠭᠤᠯᠬᠤ ᠶᠣᠰᠣᠲᠠᠢ ᠭᠡᠵᠦ ᠬᠡᠯᠡᠭᠰᠡᠨ ᠶᠦᠮ ᠭᠡᠨ᠎ᠡ ᠪᠢᠯᠡ᠃
— ᠪᠢ ᠡᠢᠮᠦ ᠰᠠᠢᠬᠠᠨ ᠶᠠᠭᠤᠮ᠎ᠠ ᠣᠯᠵᠤ ᠠᠪᠤᠭᠰᠠᠨ ᠬᠠᠷᠠᠪᠠᠤ? ᠮᠠᠨᠠᠢ《ᠮᠣᠩᠭᠣᠯ ᠤ᠋ᠨ ᠦᠨᠡᠨ》 ᠭᠡᠳᠡᠭ ᠡᠨᠡ ᠭᠡᠵᠦ ᠡᠪᠦᠭᠡᠨ ᠯᠣᠣᠵᠠᠩ᠂ ᠣᠯᠠᠨ ᠠᠮᠢᠲᠠᠨ ᠤ᠋ ᠭᠠᠷ ᠳᠡᠮᠵᠢᠵᠦ ᠤᠩᠰᠢᠭᠤᠯᠤᠭᠰᠠᠭᠠᠷ ᠴᠣᠭᠣᠷᠣᠵᠤ ᠡᠯᠡᠭᠳᠡᠭᠰᠡᠨ《ᠮᠣᠩᠭᠣᠯ ᠤ᠋ᠨ ᠦᠨᠡᠨ》 ᠭᠡᠳᠡᠭ ᠰᠣᠨᠢᠨ ᠢ᠋ ᠡᠪᠦᠷ ᠡᠴᠡ ᠪᠡᠨ ᠭᠠᠷᠭᠠᠵᠤ᠂ ᠪᠢ ᠡᠭᠦᠨ ᠢ᠋ ᠬᠣᠢᠲᠤ ᠵᠦᠭ ᠡᠴᠡ ᠦᠶ᠎ᠡ ᠶ᠋ᠢᠨ ᠨᠥᠬᠥᠳ ᠡᠪᠦᠭᠡᠳ ᠢ᠋ᠶ᠋ᠡᠷ ᠳᠠᠮᠵᠢᠭᠤᠯᠤᠨ ᠣᠯᠵᠤ ᠠᠪᠤᠯ᠎ᠠ᠃ ᠭᠠᠮᠢᠩ᠂ ᠴᠠᠭᠠᠨ ᠤ᠋ ᠡᠷᠭᠢᠭᠦᠯ᠂ ᠪᠣᠭᠣᠮᠲᠠ ᠶ᠋ᠢᠨ ᠴᠡᠷᠢᠭ᠂ ᠢᠳᠡᠷ ᠵᠠᠯᠠᠭᠤ ᠡᠷ᠎ᠡ ᠶ᠋ᠢ ᠳᠠᠭᠠᠷᠢᠯᠳᠤᠪᠠᠯ ᠪᠠᠷᠢᠵᠤ ᠠᠪᠤᠭᠠᠳ ᠴᠡᠷᠢᠭ ᠪᠣᠯᠭᠠᠳᠠᠭ ᠤᠴᠢᠷ᠂ ᠡᠪᠦᠭᠡᠨ ᠨᠠᠰᠤᠲᠠᠢ ᠬᠥᠮᠦᠨ ᠢ᠋ ᠬᠠᠷᠢᠨ ᠠᠵᠢᠭ ᠰᠡᠵᠢᠭ ᠠᠪᠤᠭ᠎ᠠ ᠦᠭᠡᠢ ᠪᠣᠯ ᠭᠠᠢᠭᠤᠢ᠂ ᠪᠠᠷᠤᠭ ᠲᠠᠢ ᠯᠠ ᠪᠣᠯ ᠲᠠᠯᠪᠢᠵᠤ ᠨᠡᠪᠲᠡᠷᠡᠭᠦᠯᠦᠭᠡᠳ ᠪᠠᠢᠳᠠᠭ ᠶᠤᠮ ᠭᠡᠨ᠎ᠡ ᠪᠢᠯᠡ᠃
ᠴᠢ ᠡᠭᠦᠨ ᠢ᠋ ᠦᠵᠡᠭᠡᠳ᠂ ᠮᠠᠷᠭᠠᠰᠢ ᠥᠷᠯᠥᠭᠡ ᠨᠠᠳᠠᠳᠤ ᠪᠤᠴᠠᠭᠠᠵᠤ ᠥᠭᠭᠦᠭᠡᠷᠡᠢ᠃ ᠪᠢ ᠪᠠᠰᠠ ᠨᠥᠬᠥᠳ ᠲᠡᠭᠡᠨ ᠦᠵᠡᠭᠦᠯᠬᠦ ᠤᠴᠢᠷ ᠲᠠᠢ ᠶᠤᠮ᠃ ᠮᠠᠨᠠᠢ(ᠮᠠᠨ ᠤ᠋) ᠦᠨᠡᠨ ᠯᠠᠪ ᠢᠯᠠᠬᠤ ᠴᠠᠭ ᠣᠢᠷᠠᠬᠠᠨ ᠪᠣᠯᠤᠭᠰᠠᠨ ᠭᠡᠵᠦ ᠲᠡᠷᠡ ᠡᠪᠦᠭᠡᠨ ᠦᠨᠡᠨ ᠰᠡᠳᠬᠢᠯ ᠦ᠋ᠨ ᠭᠣᠣᠯ ᠠ᠋ᠴᠠ ᠬᠡᠯᠡᠯ᠎ᠡ᠃
— — — —
* ᠿᠢ ᠪᠧᠨ ᠭᠡᠵᠦ ᠶᠠᠫᠣᠨ ᠢ᠋ ᠲᠡᠷᠡ ᠴᠠᠭ ᠲᠤ᠌ ᠬᠡᠯᠡᠳᠡᠭ ᠪᠠᠢᠵᠠᠢ᠃
ᠦᠰᠦᠭ ᠠᠮᠢᠯᠠᠭᠤᠯᠤᠭᠴᠢ᠄ ᠴᠡᠩᠬᠡᠯᠴᠡᠴᠡᠭ᠂ ᠣᠶᠤᠨᠪᠠᠲᠤ᠂ ᠪᠠᠯ᠂ ᠤᠢᠭᠤᠷᠵᠢᠨ· ᠣᠳᠬᠣᠨᠪᠠᠪᠠ᠂
ᠲᠠᠪᠤᠨ ᠤᠰᠤ᠂ ᠰᠠᠷᠠᠨᠲᠤᠶᠠᠭ᠎ᠠ
ᠬᠢᠨᠠᠭᠴᠢ᠄ ᠣᠳᠬᠣᠨᠴᠡᠴᠡᠭ᠂ ᠣᠶᠤᠨᠪᠠᠲᠤ ᠲ· ᠬᠦᠮᠦᠵᠢᠯᠲᠦ᠂ ᠪᠠᠯ
ᠤᠩᠰᠢᠭᠴᠢ᠄ ᠨᠠᠰᠤᠨ᠌ᠦ᠌ᠯᠵᠡᠢ
