ᠭᠤᠲᠠᠭᠠᠷ ᠪᠣᠲᠢ – ᠭᠤᠷᠪᠠᠳᠤᠭᠠᠷ ᠪᠦᠯᠦᠭ <ᠳᠣᠯᠣᠭᠠ>
ᠳᠣᠯᠣᠭᠠ
ᠠᠭᠤᠯᠠ ᠶ᠋ᠢᠨ ᠬᠢᠷᠠ ᠴᠢᠮᠡᠭᠯᠡᠵᠦ ᠤᠷᠭᠤᠭᠰᠠᠨ ᠵᠠᠮᠤᠷ ᠤ᠋ᠨ ᠰᠢᠷᠠ ᠴᠡᠴᠡᠭ ᠵᠤᠯᠭᠠᠷᠠᠨ ᠱ᠌ᠢᠷᠦ ᠤᠯᠠᠭᠠᠨ ᠪᠤᠷᠴᠠᠭᠯᠢᠭ ᠵᠢᠮᠢᠰ ᠰᠠᠭᠤᠵᠤ᠂ ᠪᠠᠭᠰᠠᠢᠭᠰᠠᠨ ᠪᠤᠲᠠᠯᠢᠭ ᠬᠣᠨᠢᠨ ᠭᠦᠢᠯᠡᠰᠦ ᠴᠢᠮᠥᠭᠰᠢᠭᠰᠡᠨ ᠵᠤᠨ ᠤ᠋ ᠳᠤᠮᠳᠠ ᠰᠠᠷᠠ ᠶ᠋ᠢᠨ ᠣᠭᠲᠠᠷᠭᠤᠢ ᠴᠡᠯᠮᠡᠭ ᠴᠡᠩᠬᠡᠷ ᠠᠵᠤᠭᠤ᠃ ᠥᠷᠥᠮᠡᠨ ᠴᠠᠭᠠᠨ ᠡᠭᠦᠯᠡ ᠮᠤᠨᠠ ᠶ᠋ᠢᠨ ᠰᠢᠷᠠ ᠣᠷᠣᠢ ᠶ᠋ᠢᠨ ᠱᠣᠷᠣᠩ ᠰᠠᠷᠢᠳᠠᠭ ᠢ᠋ ᠮᠢᠯᠢᠶᠠᠨ ᠭᠠᠵᠠᠷ ᠤ᠋ᠨ ᠲᠣᠯᠣᠭᠠᠢ ᠶ᠋ᠢ ᠰᠢᠭᠦᠷᠡᠵᠦ ᠠᠪᠤᠭᠠᠳ ᠬᠣᠷᠣᠮᠬᠠᠨ ᠰᠠᠷᠨᠢᠵᠤ ᠠᠯᠤᠰ ᠲᠤ ᠤᠨᠢᠶᠠᠷᠲᠤᠨ ᠬᠠᠷᠠᠭᠳᠠᠬᠤ ᠨᠢ ᠶᠠᠭᠤᠲᠠᠢ ᠭᠣᠢᠳᠠ! ᠴᠡᠯᠡᠭᠡᠷ ᠨᠣᠮᠢᠨ ᠣᠢ ᠶ᠋ᠢᠨ ᠴᠢᠮᠡᠭ ᠲᠡᠢ ᠱ᠌ᠢᠷᠦᠨ ᠤᠯᠠᠭᠠᠨ ᠬᠠᠳᠠ ᠶ᠋ᠢ ᠴᠡᠩᠬᠡᠷ ᠴᠠᠭᠠᠨ ᠡᠭᠦᠯᠡ ᠣᠷᠢᠶᠠᠭᠰᠠᠨ ᠢ᠋ ᠡᠰᠡᠷᠸᠠ ᠲᠩᠷᠢ ᠶ᠋ᠢᠨ ᠬᠥᠬᠡ ᠲᠣᠯᠢ ᠬᠥᠮᠥᠷᠢᠨ ᠲᠣᠯᠢᠳᠠᠬᠤ ᠳ᠋ᠠᠭᠠᠨ ᠲᠩᠷᠢᠯᠢᠭ ᠷᠠᠭᠢᠨᠢᠰ ᠤ᠋ᠨ ᠤᠷᠠᠨ ᠭᠠᠷ ᠲᠤ ᠠᠮᠢᠳᠤ ᠵᠢᠷᠤᠭ ᠤᠷᠭᠤᠭᠰᠠᠨ ᠠᠳᠠᠯᠢ ᠰᠡᠳᠬᠢᠯ ᠬᠠᠩᠭᠠᠯᠤᠭᠤᠨ ᠰᠠᠨᠠᠭᠳᠠᠬᠤ ᠶ᠋ᠢ ᠶᠠᠭᠠᠬᠢᠨᠠᠮ⁈ ᠠᠷᠤ ᠡᠩᠭᠡᠷ ᠦ᠋ᠨ ᠲᠩᠷᠢ ᠭᠠᠴᠠᠭᠠ ① ᠶᠢᠨ ᠮᠥᠰᠥᠲᠦ ᠬᠦᠷᠬᠢᠷᠡ ᠵᠤᠨ ᠤ᠋ ᠵᠢᠷᠭᠤᠭᠠᠨ ᠰᠠᠷᠠ ᠳ᠋ᠤ᠌ ᠴᠠᠷᠴᠠᠬᠠᠢ ᠪᠠᠢᠳᠠᠭ ᠨᠢ ᠪᠠᠰᠠ ᠨᠢᠭᠡ ᠡᠲᠡᠭᠡᠳ ᠰᠣᠨᠢᠬᠠᠨ ᠦᠵᠡᠮᠵᠢ ᠠᠵᠢ᠃ ᠬᠢᠷᠠ ᠪᠤᠯᠠᠭ ᠠ᠋ᠴᠠ ᠭᠣᠭᠴᠣᠭᠠᠷᠠᠨ ᠤᠷᠤᠰᠤᠭᠰᠠᠨ ᠥᠬᠢᠨ ᠭᠣᠷᠣᠬᠠ ᠶ᠋ᠢᠨ ᠤᠶᠠᠬᠠᠨ ᠳᠠᠭᠤ ᠪᠠᠷ ᠵᠦᠢᠯ ᠦ᠋ᠨ ᠰᠢᠪᠠᠭᠤᠳ ᠵᠢᠷᠭᠢᠨ ᠲᠠᠷᠪᠢᠵᠤ᠂ ᠴᠢᠭᠢᠭᠰᠢᠨ ᠵᠦᠯᠭᠡᠷᠡᠭᠰᠡᠨ ᠠᠯᠠᠭᠠᠨ ᠳ᠋ᠤᠨᠢ ᠬᠡᠦᠬᠡᠳ ᠦ᠋ᠨ ᠨᠢᠳᠤᠷᠭᠠᠨ ᠴᠢᠨᠡᠭᠡ ᠮᠠᠨᠤᠬᠤᠸᠠᠷ ᠴᠡᠴᠡᠭ᠂ ᠰᠠᠷᠠᠨᠠᠭ᠂ ᠴᠠᠬᠢᠯᠳᠠᠭ᠂ ᠢᠷᠭᠤᠢ ᠴᠡᠴᠡᠭ᠂ ᠬᠤᠨᠳᠠᠭᠠᠨ ᠴᠡᠴᠡᠭ ᠁ ᠵᠠᠭᠤᠨ ᠵᠢᠰᠦᠮ ᠦ᠋ᠨ ᠴᠡᠴᠡᠭ ᠦ᠋ᠨ ᠦᠨᠦᠷ ᠲᠦ᠍ ᠠᠯᠠᠭ ᠪᠠᠩᠵᠠᠯᠲᠦ ᠠᠯᠢᠶᠠ ᠡᠷᠪᠡᠬᠡᠢ ᠰᠡᠳᠬᠢᠯ ᠰᠣᠭᠲᠣᠵᠤ ᠪᠥᠵᠢᠭᠯᠡᠨᠡ᠃ ᠬᠠᠶᠠ ᠡᠩᠭᠡᠷ ᠬᠠᠵᠠᠭᠤ᠂ ᠬᠢᠷᠠ ᠲᠤᠯᠤᠭᠠᠳ ᠤ᠋ᠨ ᠬᠠᠲᠠᠭᠤ ᠬᠥᠷᠥᠰᠥ ᠶ᠋ᠢ ᠭᠣᠯᠣᠯ ᠦᠭᠡᠢ ᠭᠠᠩᠬᠤᠭᠰᠠᠨ ᠭᠠᠩ ᠳ᠋ᠤ᠌ ᠳᠠᠭᠠᠭᠠᠴᠠᠲᠠᠢ ᠰᠠᠷᠠᠨᠠᠭ ② ᠴᠡᠴᠡᠭ ᠨᠢ ᠤᠯᠠᠭᠠᠨ ᠠᠯᠴᠢᠭᠤᠷ᠂ ᠨᠣᠭᠣᠭᠠᠨ ᠲᠡᠷᠯᠢᠭ ᠲᠡᠢ ᠮᠣᠩᠭᠣᠯ ᠬᠡᠦᠬᠡᠨ ᠰᠢᠭ ᠴᠡᠪᠡᠷ ᠴᠢᠮᠪᠠᠢ ᠪᠠᠷ ᠪᠤᠰᠤᠳ ᠠ᠋ᠴᠠ ᠣᠨᠴᠠᠯᠠᠭᠳᠠᠨᠠ᠃
ᠮᠤᠨᠠ ᠠᠭᠤᠯᠠ ᠶ᠋ᠢᠨ ᠲᠠᠪᠤᠨ ᠰᠠᠷᠠ ᠶ᠋ᠢᠨ ᠰᠢᠨᠡᠳ ᠢ᠋ᠶ᠋ᠡᠷ ᠴᠡᠴᠡᠭ ᠵᠢᠮᠢᠰ ᠦ᠋ᠨ ᠴᠢᠮᠡᠭ ᠲᠡᠢ᠂ ᠵᠢᠷᠭᠢᠬᠦ ᠰᠢᠪᠠᠭᠤᠳ ᠤ᠋ᠨ ᠳᠣᠩᠭᠣᠳᠤᠭᠠ ᠲᠠᠢ ᠰᠠᠢᠬᠠᠨ ᠴᠠᠭ ᠪᠠᠢᠯᠠ᠃ ᠮᠤᠨᠠ ᠶ᠋ᠢᠨ ᠰᠢᠷᠠ ᠣᠷᠣᠢ ᠶ᠋ᠢᠨ ᠬᠢᠷᠠ ᠶ᠋ᠢᠨ ᠳᠡᠨᠵᠢᠨ ᠳᠡᠭᠡᠷᠡ ᠡᠨᠳᠡ ᠲᠡᠨᠳᠡ ᠦᠭᠡᠢ ᠴᠠᠴᠠᠷ ᠮᠠᠢᠬᠠᠨ ᠪᠣᠰᠬᠠᠭᠳᠠᠵᠤ᠂ ᠲᠡᠳᠡᠭᠡᠷ ᠦ᠋ᠨ ᠳᠤᠮᠳᠠ ᠥᠨᠳᠥᠷ ᠰᠢᠭ ᠳᠣᠪᠣᠴᠠᠭ ᠲᠤ ᠰᠤᠮᠤᠨ ᠬᠥᠯᠲᠥᠷᠭᠡ ᠲᠡᠢ ᠵᠢᠷᠭᠤᠭᠠᠨ ᠬᠠᠨᠠ ᠲᠠᠢ ᠭᠡᠷ ᠦ᠋ᠨ ᠡᠷᠦᠬᠡ ᠨᠢ ᠣᠩᠭᠣᠢᠵᠤ᠂ ᠡᠭᠦᠳᠡᠨ ᠦ᠌ ᠴᠤᠭᠤᠷᠬᠠᠢ ᠪᠠᠷ ᠭᠡᠯᠦᠩ ᠬᠥᠮᠦᠨ ᠦ᠌ ᠭᠥᠯᠢᠩ ᠲᠣᠯᠣᠭᠠᠢ ᠱᠣᠪᠣᠯᠵᠠᠬᠤ ᠠ᠋ᠴᠠ ᠯᠠᠮᠠ ᠨᠠᠷ ᠤ᠋ᠨ ᠬᠢ ᠭᠡᠳᠡᠭ ᠨᠢ ᠲᠣᠳᠣᠷᠬᠠᠢ᠃ ᠡᠨᠡ ᠭᠡᠷ ᠲᠦ᠍ ᠨᠡᠭᠡᠷᠡᠨ ᠮᠡᠷᠭᠡᠨ ᠭᠡᠭᠡᠨᠲᠠᠨ ᠰᠠᠭᠠᠳᠠᠵᠠᠢ᠃
ᠪᠢᠯᠢᠭ ᠦ᠋ᠨ ᠲᠠᠪᠤᠨ ᠰᠠᠷᠠ ᠶ᠋ᠢᠨ ᠰᠢᠨᠡᠳ ᠢ᠋ᠶ᠋ᠡᠷ ᠤᠷᠢᠳ ᠤ᠋ᠳ ᠠᠭᠤᠯᠠ ᠤᠰᠤᠨ ᠤ᠋ ᠰᠠᠬᠢᠭᠤᠰᠤ ᠪᠣᠯᠤᠭᠰᠠᠨ ᠮᠤᠨᠠ ᠬᠠᠨ ᠢ᠋ᠶ᠋ᠠᠨ ᠰᠦᠵᠢᠭᠯᠡᠨ ᠳᠠᠬᠢᠵᠠᠭᠠᠳᠠᠭ᠃
ᠠᠷᠪᠠᠨ ᠳᠣᠯᠣᠳᠤᠭᠠᠷ ᠵᠠᠭᠤᠨ ᠤ᠋ ᠡᠬᠢᠨ ᠢ᠋ᠶ᠋ᠡᠷ ᠤᠷᠠᠳ ᠠᠢᠮᠠᠭ ᠤᠭ ᠨᠤᠲᠤᠭ ᠬᠥᠯᠥᠨ ᠪᠤᠢᠷ ᠠ᠋ᠴᠠ ᠨᠡᠭᠦᠳᠡᠯᠯᠡᠵᠦ ᠢᠷᠡᠭᠰᠡᠨ ᠲᠡᠦᠬᠡ ᠲᠡᠢ᠃ ᠲᠡᠦᠬᠡ ᠶ᠋ᠢᠨ ᠲᠡᠮᠳᠡᠭᠯᠡᠯ ᠢ᠋ ᠦᠨᠳᠦᠰᠦᠯᠡᠪᠡᠯ ᠮᠠᠨᠵᠤ ᠶ᠋ᠢᠨ ᠡᠶᠡᠪᠡᠷ ᠵᠠᠰᠠᠭᠴᠢ ᠶ᠋ᠢᠨ ᠵᠢᠷᠭᠤᠳᠤᠭᠠᠷ ᠣᠨ ᠪᠤᠶᠤ ᠨᠡᠢᠲᠡ ᠶ᠋ᠢᠨ ᠣᠨ ᠲᠣᠭᠠᠯᠠᠯ ᠤ᠋ᠨ1619 ᠣᠨ ᠳ᠋ᠤ᠌ ᠤᠷᠠᠳ ᠠᠢᠮᠠᠭ ᠤᠭ ᠨᠤᠲᠤᠭ ᠬᠥᠯᠥᠨ ᠪᠤᠢᠷ ᠠ᠋ᠴᠠ ᠨᠡᠭᠦᠳᠡᠯᠯᠡᠵᠦ᠂ ᠤᠯᠠᠭᠠᠨ ᠬᠠᠳᠠᠨ ᠤ᠋ ᠠᠷᠤ ᠶ᠋ᠢᠨ ᠮᠤᠨᠠ ᠠᠭᠤᠯᠠ ᠶ᠋ᠢᠨ ᠬᠥᠨᠳᠡᠯᠢ ᠶ᠋ᠢᠨ ᠠᠮᠠ᠂ ᠬᠠᠳᠤᠮᠠᠯ ᠤ᠋ᠨ ᠠᠮᠠ᠂ ᠮᠣᠯᠴᠣᠭ ᠬᠣᠱᠣᠣ ᠶ᠋ᠢ ᠰᠠᠬᠢᠷᠠ ᠡᠨᠡ ᠭᠠᠵᠠᠷ ᠢᠷᠡᠵᠡᠢ᠃ ᠲᠡᠭᠡᠬᠦᠯᠡᠷ ᠥᠨᠳᠥᠷ ᠰᠦᠷᠯᠢᠭ ᠮᠤᠨᠠ ᠬᠠᠢᠷᠬᠠᠨ ᠤ᠋ ᠰᠢᠷᠠ ᠣᠷᠣᠢ ᠤᠷᠠᠳ ᠤ᠋ᠳ ᠤ᠋ᠨ ᠠᠮᠢᠳᠤᠷᠠᠯ ᠣᠷᠣᠩᠨᠠᠯ ᠳ᠋ᠤ᠌ ᠥᠮᠥᠭ ᠲᠦᠰᠢᠭ ᠨᠢ ᠪᠣᠯᠤᠭᠰᠠᠭᠠᠷ ᠢᠷᠡᠭᠰᠡᠨ ᠪᠠᠢᠨᠠ᠃ ᠡᠢᠨ ᠬᠦ᠌ ᠤᠷᠠᠳ ᠤ᠋ᠳ ᠰᠢᠲᠦᠭᠡᠨ ᠦ᠌ ᠪᠡᠨ ᠰᠠᠬᠢᠭᠤᠰᠤ ᠮᠤᠨᠠ ᠬᠠᠨ ᠢ᠋ᠶ᠋ᠠᠨ ᠥᠪᠡᠷᠰᠡᠳ ᠦ᠋ᠨ ᠬᠢᠨᠢ ᠮᠡᠷᠭᠡᠨ ᠰᠢᠷᠠ ᠣᠷᠣᠢ ᠭᠡᠵᠦ ᠨᠡᠷᠡᠯᠡᠭᠰᠡᠨ ᠥᠨᠳᠥᠷ ᠳᠤᠲᠠᠨ ᠬᠠᠳᠠ ᠲᠠᠢ ᠱᠣᠷᠣᠩ ᠰᠠᠷᠢᠳᠠᠭᠳᠦ ᠣᠷᠭᠢᠯ ᠳ᠋ᠤ᠌ ᠣᠩᠭᠣᠯᠠᠵᠤ ᠳᠠᠭᠠᠳᠬᠠᠳᠠᠭ ᠪᠠᠢᠨᠠ᠃ ᠡᠭᠦᠨ ᠳ᠋ᠦ᠍ ᠪᠠᠷᠠᠭᠤᠨ ᠬᠦᠩ ᠦ᠋ᠨ ᠬᠢᠨ ᠲᠠᠪᠤᠨ ᠰᠠᠷᠠ ᠶ᠋ᠢᠨ ᠰᠢᠨᠡ ᠶ᠋ᠢᠨ ᠲᠠᠪᠤᠨ ᠳ᠋ᠤ᠌ ᠮᠤᠨᠠ ᠶ᠋ᠢᠨ ᠰᠢᠷᠠ ᠣᠷᠣᠢ ᠶ᠋ᠢ᠂ ᠵᠡᠭᠦᠨ ᠬᠦᠩ ᠦ᠋ᠨ ᠬᠢᠨ ᠲᠠᠪᠤᠨ ᠰᠠᠷᠠ ᠶ᠋ᠢᠨ ᠰᠢᠨᠡ ᠶ᠋ᠢᠨ ᠳᠣᠯᠣᠭᠠᠨ ᠳ᠋ᠤ᠌ ᠠᠪᠳᠠᠷᠠ ᠴᠢᠯᠠᠭᠤ ᠶ᠋ᠢ᠂ ᠳᠤᠮᠳᠠᠳᠤ ᠬᠦᠩ ᠦ᠋ᠨ ᠬᠢᠨ ᠲᠠᠪᠤᠨ ᠰᠠᠷᠠ ᠶ᠋ᠢᠨ ᠰᠢᠨᠡ ᠶ᠋ᠢᠨ ᠭᠤᠷᠪᠠᠨ ᠳ᠋ᠤ᠌ ᠰᠤᠪᠤᠷᠭᠠᠨ ᠴᠢᠯᠠᠭᠤ ᠶ᠋ᠢ ᠲᠤᠰ ᠲᠤᠰ ᠰᠢᠳᠦᠨ ᠳᠠᠬᠢᠳᠠᠭ ᠪᠠᠢᠨᠠ᠃ ᠡᠨᠡ ᠲᠠᠬᠢᠯᠭᠠ ᠳ᠋ᠤ᠌ ᠪᠠᠷᠠᠭᠤᠨ ᠬᠦᠩ ᠦ᠋ᠨ ᠨᠣᠶᠠᠨ ᠢᠵᠠᠭᠤᠷᠲᠠᠨ᠂ ᠭᠡᠭᠡᠨᠲᠠᠨ ᠯᠠᠮᠠ ᠬᠤᠸᠠᠷᠠᠭ ᠪᠠ ᠠᠷᠪᠠᠨ ᠬᠣᠶᠠᠷ ᠰᠤᠮᠤᠨ ᠤ᠋ ᠵᠠᠩᠭᠢ ᠵᠠᠯᠠᠨ ᠲᠦᠷᠦᠭᠦᠲᠠᠢ ᠬᠠᠷᠠᠴᠤᠳ᠂ ᠮᠠᠯᠴᠢᠨ ᠠᠷᠠᠳ ᠴᠥᠮ ᠰᠠᠢᠨ ᠳᠤᠷᠠ ᠠ᠋ᠴᠠ ᠪᠠᠨ ᠬᠤᠷᠠᠨ ᠴᠤᠭᠯᠠᠷᠠᠵᠤ᠂《ᠮᠤᠨᠠ ᠶ᠋ᠢᠨ ᠰᠠᠩ》᠂《ᠬᠡᠢ ᠮᠣᠷᠢ ᠶ᠋ᠢᠨ ᠰᠠᠩ》 ᠲᠠᠯᠪᠢᠵᠤ《ᠮᠤᠨᠠ ᠶ᠋ᠢᠨ ᠠᠷᠢᠭᠤᠯᠠᠯ》᠂《ᠮᠤᠨᠠ ᠶ᠋ᠢᠨ ᠮᠠᠭᠲᠠᠭᠠᠯ》᠂《ᠳᠤᠷᠠᠳᠬᠠᠯ ᠤ᠋ᠨ ᠨᠣᠮ》 ᠵᠡᠷᠭᠡ ᠶ᠋ᠢ ᠤᠩᠰᠢᠵᠤ ᠰᠢᠷᠠ ᠣᠷᠣᠢ ᠪᠠᠨ ᠰᠦᠵᠢᠭᠯᠡᠨᠡ᠃ ᠤᠷᠠᠳ ᠤ᠋ᠳ ᠰᠦᠵᠢᠭ ᠦ᠋ᠨ ᠶᠡᠬᠡ ᠰᠢᠲᠦᠯᠭᠡ ᠮᠤᠨᠠ ᠬᠠᠨ ᠤ᠋ ᠪᠠᠨ ᠬᠥᠷᠥᠭ ᠵᠢᠷᠤᠭ ᠢ᠋ ᠪᠤᠭᠤ ᠭᠥᠷᠦᠭᠡᠰᠦᠨ ᠦ᠌ ᠠᠷᠠᠰᠤᠨ ᠳᠡᠭᠡᠷᠡ ᠴᠢᠨᠣᠠ ᠶ᠋ᠢᠨ ᠵᠣᠭᠳᠣᠷ ᠢ᠋ᠶ᠋ᠠᠷ ᠡᠮᠵᠢᠶᠡᠷᠢ ᠬᠡ ᠭᠠᠷᠭᠠᠵᠤ ᠵᠢᠷᠤᠭᠰᠠᠨ ᠪᠠᠢᠳᠠᠭ᠃ ᠡᠨᠡ ᠬᠦ᠌ ᠮᠤᠨᠠ ᠬᠠᠨ ᠤ᠋ ᠬᠥᠷᠥᠭ ᠵᠢᠷᠤᠭ ᠢ᠋ ᠲᠠᠬᠢᠯᠭᠠ ᠠ᠋ᠴᠠ ᠪᠤᠰᠤ ᠡᠩ ᠦ᠋ᠨ ᠡᠳᠦᠷ ᠮᠡᠷᠭᠡᠨ ᠴᠠᠭᠠᠨ ᠯᠠᠮᠠᠬᠠᠢ ᠬᠠᠳᠠᠨ ᠬᠣᠩᠭᠢᠯ ᠳ᠋ᠠᠭᠠᠨ ᠠᠷᠢᠭᠤᠯᠠᠨ ᠳᠠᠬᠢᠳᠠᠭ ᠠᠵᠤᠭᠤ᠃ ᠲᠠᠪᠤᠨ ᠰᠠᠷᠠ ᠶ᠋ᠢᠨ ᠰᠢᠨᠡ ᠶ᠋ᠢᠨ ᠲᠠᠪᠤᠨ ᠤ᠋ ᠮᠤᠨᠠ ᠶ᠋ᠢᠨ ᠰᠢᠷᠠ ᠣᠷᠣᠢ ᠪᠠᠨ ᠲᠠᠬᠢᠬᠤ ᠲᠠᠬᠢᠯᠭᠠ ᠶ᠋ᠢᠨ ᠡᠳᠦᠷ ᠮᠤᠨᠠ ᠬᠠᠨ ᠤ᠋ ᠬᠥᠷᠥᠭ ᠵᠢᠷᠤᠭ ᠢ᠋ ᠰᠢᠷᠠ ᠣᠷᠣᠢ ᠶ᠋ᠢᠨ ᠲᠠᠬᠢᠯᠭᠠ ᠶ᠋ᠢᠨ ᠳᠤᠲᠠᠨ ᠬᠠᠳᠠᠨ ᠤ᠋ ᠰᠠᠭᠯᠠᠭᠠᠷ ᠪᠠᠳᠮᠠᠨ ᠰᠠᠯᠠᠭᠠ ᠲᠠᠢ ᠨᠠᠷᠠᠰᠤᠨ ᠮᠣᠳᠣᠨ ᠳ᠋ᠤ᠌ ᠡᠯᠭᠦᠵᠦ ᠬᠡᠢᠮᠤᠷᠢᠯᠠᠨᠠ᠃ ᠡᠨᠡ ᠨᠢ ᠮᠤᠨᠠ ᠠᠭᠤᠯᠠᠨ ᠳ᠋ᠤ᠌ ᠨᠤᠲᠤᠭᠰᠢᠨ ᠰᠠᠭᠤᠵᠤ ᠪᠠᠢᠭᠠ ᠬᠥᠮᠦᠰ ᠦᠶᠡ ᠶ᠋ᠢᠨ ᠦᠶᠡ ᠳ᠋ᠡᠭᠡᠨ ᠡᠭᠦᠨ ᠢ᠋ᠶ᠋ᠡᠨ ᠵᠣᠯ ᠵᠢᠷᠭᠠᠯ ᠤ᠋ᠨ ᠣᠷᠳᠣᠨ ᠭᠡᠵᠦ ᠮᠤᠨᠠ ᠬᠠᠨ ᠠ᠋ᠴᠠ ᠥᠷᠥᠰᠢᠶᠡᠯ ᠬᠠᠢᠷᠠᠯᠠᠵᠤ᠂ ᠡᠷᠢᠨ ᠴᠠᠭ ᠢ᠋ ᠡᠩᠬᠡ ᠠᠮᠤᠭᠤᠯᠠᠩ ᠪᠣᠯᠭᠠᠵᠤ᠂ ᠲᠦᠮᠡᠨ ᠬᠡᠷᠡᠭ ᠢ᠋ ᠲᠥᠪ ᠰᠠᠢᠬᠠᠨ ᠪᠦᠲᠦᠭᠡᠵᠦ᠂ ᠠᠶᠤᠯ ᠵᠣᠪᠠᠯᠠᠩ ᠢ᠋ ᠠᠷᠢᠯᠭᠠᠨ ᠠᠮᠤᠷ ᠲᠠᠢᠪᠤᠩ ᠠᠮᠢᠳᠤᠷᠠᠭᠤᠯᠵᠤ᠂ ᠡᠪᠡᠳᠴᠢᠨ ᠵᠣᠪᠠᠯᠠᠩ ᠢ᠋ ᠵᠠᠢᠯᠭᠤᠯᠤᠨ ᠥᠯᠵᠡᠢ ᠬᠤᠲᠤᠭ ᠣᠷᠣᠰᠢᠭᠤᠯᠵᠤ᠂ ᠲᠠᠪᠤᠨ ᠬᠣᠰᠢᠭᠤ ᠮᠠᠯ ᠢ᠋ ᠲᠠᠯᠠ ᠳᠦᠭᠦᠷᠡᠩ ᠪᠡᠯᠴᠢᠭᠡᠵᠦ᠂ ᠲᠠᠩᠰᠤᠭ ᠪᠠᠶᠠᠨ ᠠᠮᠢᠳᠤᠷᠠᠯ ᠢ᠋ ᠥᠨᠢ ᠮᠥᠩᠬᠡ ᠢᠪᠡᠭᠡᠲᠦᠭᠡᠢ ᠭᠡᠵᠦ ᠮᠤᠨᠠ ᠬᠠᠨ ᠠ᠋ᠴᠠ ᠠᠪᠤᠷᠠᠯ ᠳᠠᠭᠠᠳᠬᠠᠯ ᠭᠤᠶᠤᠭᠰᠠᠨ ᠬᠡᠷᠡᠭ᠃ ᠪᠠᠰᠠ ᠴᠤ᠌ ᠨᠤᠲᠤᠭ ᠤᠰᠤᠨ ᠤ᠋ ᠨᠠᠪᠲᠠᠭ ᠰᠠᠪᠳᠠᠭ ᠢ᠋ ᠠᠷᠭᠠᠳᠠᠵᠤ ᠯᠤᠤᠰ ᠤ᠋ᠨ ᠡᠵᠡᠨ ᠡᠴᠡ ᠪᠣᠷᠣᠭᠠᠨ ᠬᠤᠷᠠ ᠭᠤᠶᠤᠵᠤ᠂ ᠪᠡᠯᠴᠢᠭᠡᠷ ᠤᠰᠤᠨ ᠤ᠋ ᠥᠩᠰᠢᠭ ᠢ᠋ ᠪᠡᠯᠭᠡᠰᠢᠶᠡᠨ ᠵᠥᠩᠨᠡᠭᠰᠡᠨ ᠤᠬᠠᠭᠠᠨ ᠲᠠᠢ᠃ ᠴᠢᠭᠤᠯᠭᠠ ᠶ᠋ᠢᠨ ᠡᠵᠡᠳ ᠦ᠋ᠨ ᠶᠠᠮᠠᠷ ᠴᠤ᠌ ᠵᠠᠷᠯᠢᠭ ᠵᠠᠬᠢᠶᠠ ᠦᠭᠡᠢ ᠰᠠᠢᠨ ᠳᠤᠷᠠ ᠶ᠋ᠢᠨ ᠳᠠᠢᠯᠭᠠ ᠶ᠋ᠢᠨ ᠡᠳᠦᠷ ᠲᠦ᠍ ᠳᠥᠷᠪᠡᠨ ᠵᠦᠭ ᠦ᠋ᠨ ᠬᠥᠮᠦᠰ ᠵᠠᠪᠳᠤᠵᠤ ᠬᠡᠳᠦᠨ ᠡᠳᠦᠷ ᠦ᠋ᠨ ᠡᠮᠦᠨᠡ ᠡᠴᠡ ᠪᠣᠭᠣᠨᠢ ᠲᠣᠭᠣᠰᠣ ᠬᠥᠳᠡᠯᠭᠡᠵᠦ ᠶᠠᠭᠠᠷᠠᠨᠠ᠃
ᠤᠨᠤᠭᠠ ᠬᠥᠰᠬᠡ᠂ ᠮᠣᠷᠢ ᠬᠠᠷᠠ ᠲᠠᠢ ③ ᠲᠤᠯᠠ ᠣᠢᠷᠠ ᠶ᠋ᠢᠨ ᠳᠠᠢᠯᠭᠠ ᠶ᠋ᠢᠨ ᠬᠥᠮᠦᠰ᠂ ᠪᠠᠷᠠᠭᠤᠨ ᠬᠦᠩ ᠦ᠋ᠨ ᠠᠷᠪᠠᠨ ᠬᠣᠶᠠᠷ ᠰᠤᠮᠤᠨ ᠤ᠋ ᠠᠷᠠᠳ ᠢᠷᠭᠡᠳ ᠮᠤᠨᠠ ᠶ᠋ᠢᠨ ᠠᠷᠤ ᠥᠪᠥᠷ ᠡᠴᠡ ᠴᠥᠮ ᠡᠨᠳᠡ ᠬᠤᠷᠠᠨ ᠴᠤᠭᠯᠠᠨᠠ᠃ ᠭᠣᠣᠯᠴᠤᠤ ᠣᠪᠣᠭ ᠤ᠋ᠨ ᠨᠡᠷᠡ ᠪᠡᠷ ᠨᠡᠷᠡᠯᠡᠭᠰᠡᠨ ᠡᠯᠡ ᠰᠤᠮᠤᠨ ᠤ᠋ ᠬᠢᠨ ᠡᠴᠡ ᠭᠣᠣᠯ ᠰᠤᠮᠤᠨ ᠤ᠋ ᠬᠢᠨ ᠰᠢᠷᠠ ᠣᠷᠣᠢ ᠶ᠋ᠢᠨ ᠠᠷᠤ ᠳ᠋ᠤ᠌᠂ ᠶᠡᠬᠡ ᠪᠠᠭᠠ ᠠᠯᠲᠠᠴᠢᠨ ᠤ᠋ ᠬᠢᠨ ᠰᠢᠷᠠ ᠣᠷᠣᠢ ᠶ᠋ᠢᠨ ᠪᠠᠷᠠᠭᠤᠨ ᠳᠣᠣᠷᠠ᠂ ᠬᠠᠷᠠᠨᠤᠳ᠂ ᠭᠡᠭᠡᠷᠡᠨᠣᠳ ᠤ᠋ᠨ ᠬᠢᠨ ᠰᠢᠷᠠ ᠣᠷᠣᠢ ᠶ᠋ᠢᠨ ᠵᠡᠭᠦᠨ ᠳᠣᠣᠷᠠ ᠥᠨᠳᠥᠷ ᠦ᠋ᠨ ᠭᠣᠣᠯ ᠡᠷᠭᠢ ᠳ᠋ᠦ᠍᠂ ᠵᠢᠭᠤᠴᠢᠨ ᠤ᠋ ᠬᠢᠨ ᠴᠠᠭᠠᠨ ᠲᠠᠯᠠᠪᠠᠢ ᠳ᠋ᠤ᠌᠂ ᠤᠯᠠᠭᠠᠨᠤᠳ ᠤ᠋ᠨ ᠬᠢᠨ ᠰᠢᠷᠭᠠ ᠮᠣᠷᠢᠲᠤ ᠶ᠋ᠢᠨ ᠡᠬᠢ ᠳ᠋ᠦ᠍᠂ ᠲᠠᠪᠤᠳ᠂ ᠳᠠᠭᠤᠳᠠᠨ᠂ ᠡᠭᠡᠭᠡᠵᠢᠭᠴᠢᠨ ᠦ᠌ ᠬᠢᠨ ᠪᠠ᠂ ᠪᠠᠭᠠ ᠰᠤᠮᠤᠨ ᠤ᠋ ᠬᠢᠨ ᠰᠢᠷᠠ ᠣᠷᠣᠢ ᠶ᠋ᠢᠨ ᠬᠥᠪᠴᠢ ᠲᠣᠭᠣᠷᠢᠨ ᠭᠠᠵᠠᠷ ᠤ᠋ᠨ ᠪᠠᠢᠴᠠ ᠶ᠋ᠢ ᠦᠵᠡᠵᠦ ᠲᠤᠰ ᠲᠤᠰ ᠵᠤᠰᠠᠨ ᠪᠠᠭᠤᠨᠠ᠃ ᠢᠩᠭᠢᠵᠦ ᠳᠥᠷᠪᠡᠨ ᠵᠦᠭ ᠦ᠋ᠨ ᠳᠠᠬᠢᠯᠭᠠᠴᠢ᠂ ᠮᠥᠷᠭᠥᠯᠴᠢᠳ ᠬᠣᠯᠠ ᠵᠠᠮ ᠢ᠋ ᠲᠣᠪᠴᠢᠯᠠᠵᠤ ᠶᠠᠪᠤᠨ᠂ ᠪᠠᠷᠲᠠᠭᠠᠲᠤ ᠭᠠᠵᠠᠷ ᠢ᠋ ᠪᠠᠰᠤᠵᠤ᠂ ᠥᠭᠡᠳᠡ ᠥᠭᠰᠥᠵᠦ ᠪᠤᠵᠢᠭᠢᠨᠠᠯᠳᠤᠳᠠᠭ ᠠᠵᠤᠭᠤ᠃ ᠡᠨᠡ ᠡᠳᠦᠷ ᠲᠠᠪᠤᠨ ᠰᠠᠷᠠ ᠶ᠋ᠢᠨ ᠲᠠᠪᠤᠨ᠃ ᠣᠭᠲᠠᠷᠭᠤᠢ ᠶ᠋ᠢᠨ ᠲᠠᠩᠨᠠᠢ ᠳ᠋ᠤ᠌ ᠲᠣᠬᠣᠮ ᠤ᠋ᠨ ᠴᠢᠨᠡᠭᠡ ᠴᠤ᠌ ᠡᠭᠦᠯᠡ ᠦᠭᠡᠢ ᠡᠲᠡᠭᠡᠳ ᠪᠠᠢᠯᠠ᠃ ᠮᠡᠷᠭᠡᠨ ᠰᠢᠷᠠ ᠣᠷᠣᠢ ᠶ᠋ᠢᠨ ᠴᠠᠪᠴᠢᠮᠠ ᠥᠨᠳᠥᠷ ᠳᠤᠲᠠᠨ ᠬᠠᠳᠠᠨ ᠤ᠋ ᠳᠣᠣᠷᠠ ᠲᠠᠬᠢᠯᠭᠠ ᠶ᠋ᠢᠨ ᠭᠠᠵᠠᠷ ᠮᠡᠷᠭᠡᠨ ᠭᠡᠭᠡᠨ ᠲᠦᠷᠦᠭᠦᠲᠠᠢ᠂ ᠮᠡᠷᠭᠡᠨ ᠴᠠᠭᠠᠨ ᠯᠠᠮᠠᠬᠠᠢ ᠴᠣᠷᠵᠢ ᠭᠡᠭᠡᠨᠲᠠᠨ᠂ ᠰᠢᠷᠡᠭᠡ ᠪᠠᠭᠰᠢ᠂ ᠪᠠᠷᠠᠭᠤᠨ ᠳᠠ ᠯᠠᠮᠠ᠂ ᠤᠮᠵᠠᠳ ᠭᠡᠪᠬᠦᠢ᠁ ᠨᠣᠶᠠᠨ ᠰᠠᠩ ᠤ᠋ᠨ ᠷᠠᠰᠢ᠂ ᠡᠯᠳᠡᠩᠭᠡ᠂ ᠵᠣᠳᠪᠠ ᠨᠠᠷ ᠪᠦᠷ ᠪᠠᠢᠯᠴᠠᠪᠠ᠃ ᠰᠢᠷᠠ ᠣᠷᠣᠢ ᠶ᠋ᠢᠨ ᠠᠰᠬᠠ ᠳᠤᠲᠠᠨ ᠬᠠᠳᠠᠨ ᠤ᠋ ᠰᠠᠭᠯᠠᠭᠠᠷ ᠪᠠᠳᠮᠠᠨ ᠰᠠᠯᠠᠭᠠ ᠲᠠᠢ ᠪᠦᠳᠦᠭᠦᠨ ᠨᠠᠷᠠᠰᠤᠨ ᠮᠣᠳᠣᠨ ᠤ᠋ ᠮᠥᠴᠢᠷ ᠢ᠋ ᠰᠢᠷᠠ ᠴᠡᠩᠬᠡᠷ ᠳᠤᠷᠳᠤᠩ᠂ ᠴᠠᠭᠠᠨ ᠥᠩᠭᠡ ᠶ᠋ᠢᠨ ᠠᠶᠤᠰᠢ ᠬᠠᠳᠠᠭ ᠰᠠᠮᠪᠠᠢ ᠵᠡᠷᠭᠡ ᠳᠣᠯᠣᠭᠠᠨ ᠥᠩᠭᠡ ᠪᠡᠷ ᠰᠣᠯᠣᠩᠭᠠᠷᠠᠭᠤᠯᠤᠨ ᠴᠢᠮᠡᠭᠯᠡᠭᠰᠡᠨ ᠨᠢ ᠡᠲᠡᠭᠡᠳ ᠭᠣᠶᠣᠬᠠᠨ᠃ ᠲᠠᠬᠢᠯᠭᠠ ᠶ᠋ᠢᠨ ᠲᠠᠪᠴᠠᠩ ᠤ᠋ᠨ ᠲᠥᠪ ᠳᠤᠮᠳᠠ ᠨᠢ ᠮᠤᠨᠠ ᠬᠠᠨ ᠤ᠋ ᠬᠥᠷᠥᠭ ᠵᠢᠷᠤᠭ ᠢ᠋ ᠣᠷᠣᠰᠢᠭᠤᠯᠵᠤ ᠬᠡᠢᠮᠤᠷᠢᠯᠠᠭᠠᠳ ᠬᠣᠶᠠᠷ ᠬᠠᠵᠠᠭᠤ ᠪᠠᠷ ᠨᠢ ᠵᠢᠳᠠ᠂ ᠰᠡᠷᠡᠭᠡ᠂ ᠢᠯᠳᠦ᠂ ᠨᠤᠮᠤ ᠰᠠᠭᠠᠳᠠᠭ᠂ ᠰᠡᠯᠡᠮᠡ ᠵᠡᠷᠭᠡ ᠵᠠᠷ ᠵᠡᠪᠰᠡᠭ ᠢ᠋ ᠵᠡᠷᠭᠡᠯᠡᠵᠦ ᠲᠠᠯᠪᠢᠭᠰᠠᠨ ᠨᠢ ᠮᠠᠰᠢ ᠰᠦᠷ ᠲᠡᠢ ᠬᠠᠷᠠᠭᠳᠠᠨᠠ᠃ ᠬᠠᠶᠠ ᠠᠭᠤᠯᠠ ᠶ᠋ᠢᠨ ᠬᠢᠷᠠ ᠶ᠋ᠢᠨ ᠣᠩᠭᠣᠨ ᠰᠠᠯᠬᠢ ᠬᠤᠤᠭᠢᠨ ᠦᠯᠢᠶᠡᠬᠦ ᠳ᠋ᠦ᠍ ᠬᠠᠳᠠᠭ ᠳᠤᠷᠳᠤᠩ᠂ ᠬᠡᠢᠮᠣᠷᠢ ᠳᠠᠷᠴᠤᠭ ᠳᠡᠷᠪᠡᠯᠵᠡᠨ ᠬᠤᠢᠯᠠᠷᠠᠬᠤ ᠨᠢ ᠲᠠᠬᠢᠯᠭᠠ ᠶ᠋ᠢᠨ ᠬᠥᠭ ᠲᠦ᠍ ᠠᠶᠠᠰ ᠨᠡᠮᠡᠷᠢᠯᠡᠬᠦ ᠰᠢᠭ ᠲᠥᠪ ᠶᠡᠬᠡᠮᠰᠦᠭ ᠰᠠᠨᠠᠭᠳᠠᠬᠤ ᠠᠵᠤᠭᠤ᠃ ᠤᠯᠠᠭᠠᠨ ᠴᠠᠭᠠᠨ ᠲᠠᠬᠢᠯᠭᠠ ᠶ᠋ᠢᠨ ᠡᠷᠭᠦᠴᠡ ᠡᠯᠪᠡᠭ ᠳᠡᠯᠪᠡᠭ ᠥᠷᠥᠭᠳᠡᠵᠦ ᠵᠦᠭ ᠵᠦᠭ ᠦ᠋ᠨ ᠲᠠᠬᠢᠯᠭᠠ ᠡᠷᠭᠦᠭᠴᠢᠳ ᠪᠠ ᠣᠯᠠᠨ ᠮᠥᠷᠭᠥᠯᠴᠢᠳ ᠰᠢᠷᠠ ᠲᠣᠰᠣ᠂ ᠴᠠᠭᠠᠨ ᠢᠳᠡᠭᠡ᠂ ᠬᠡᠪ ᠦ᠋ᠨ ᠴᠠᠢ᠂ ᠦᠵᠦᠮ ᠰᠢᠬᠢᠷ᠂ ᠴᠢᠪᠠᠭᠠ ᠵᠢᠮᠢᠰ᠂ ᠠᠷᠢᠬᠢ ᠰᠠᠷᠬᠤᠳ ᠵᠡᠷᠭᠡ ᠢᠳᠡᠭᠡᠨ ᠦ᠌ ᠳᠡᠭᠡᠵᠢ ᠪᠡᠨ ᠲᠠᠬᠢᠯᠭᠠ ᠶ᠋ᠢᠨ ᠲᠠᠪᠴᠠᠩ ᠳ᠋ᠤ᠌ ᠳᠡᠭᠡᠵᠢᠯᠡᠨ ᠡᠷᠭᠦᠵᠡᠭᠡᠨᠡ᠃ ᠡᠨᠡ ᠠᠭᠱᠠᠨ ᠳ᠋ᠤ᠌ ᠲᠣᠮᠣ ᠵᠡᠰ ᠬᠦᠯᠢᠰ ᠦ᠋ᠨ ᠲᠠᠷᠢᠬᠢᠨ ᠠ᠋ᠴᠠ ᠠᠷᠴᠠ ᠰᠠᠩ᠂ ᠠᠷᠢᠭᠤᠨ ᠬᠦᠵᠢᠰ ᠦ᠋ᠨ ᠦᠨᠦᠷ ᠳᠥᠷᠪᠡᠨ ᠵᠦᠭ ᠲᠦ᠍ ᠤᠯᠠᠷᠢᠨ ᠲᠠᠷᠬᠠᠵᠤ᠂ ᠬᠣᠶᠠᠷ ᠮᠥᠷ ᠵᠢᠭᠰᠠᠭᠠᠭᠰᠠᠨ ᠷᠠ ᠶ᠋ᠢᠨ ᠰᠠᠭᠤᠳᠠᠯ ᠤ᠋ᠨ ᠣᠯᠪᠣᠭ ᠰᠡᠷᠢᠳᠡᠭ ᠳᠡᠭᠡᠷᠡ ᠯᠠᠮᠠ ᠬᠤᠸᠠᠷᠠᠭ ᠤ᠋ᠳ ᠵᠡᠷᠭᠡ ᠬᠡᠷᠬᠡᠮ ᠦ᠋ᠨ ᠳᠡᠰ ᠳᠠᠷᠠᠭᠠ ᠪᠠᠷ ᠰᠠᠭᠤᠵᠠᠭᠠᠨ᠂ ᠮᠡᠷᠭᠡᠨ ᠭᠡᠭᠡᠨᠲᠠᠨ ᠲᠦᠷᠦᠭᠦᠯᠡᠨ᠄
()) ᠤᠸᠮ ᠠ᠋()) ᠾᠣ᠌ᠣ᠌᠃
ᠴᠣᠭᠲᠤ ᠸᠴᠢᠷ ᠰᠠᠭᠤᠷᠢᠨ ᠤ᠋ ᠡᠷᠬᠡ ᠲᠡᠭᠦᠰ ᠵᠣᠪᠬᠢᠰ ᠲᠤᠷ᠃
ᠶᠡᠬᠡ ᠮᠣᠩᠭᠣᠯ ᠣᠷᠣᠨ ᠳ᠋ᠠᠬᠢ᠂
ᠮᠤᠨᠠ ᠬᠠᠨ ᠤ᠋ ᠣᠷᠭᠢᠯ ᠳ᠋ᠤᠷ᠂
ᠠᠯᠲᠠᠨ ᠣᠭ᠌ᠶᠤ ᠡᠴᠥᠸᠠᠩ ᠤ᠋ᠨ ᠭᠡᠷᠡᠯ᠂
ᠭᠢᠯᠪᠠᠯᠵᠠᠭᠰᠠᠨ ᠬᠠᠷᠰᠢᠨ ᠳ᠋ᠤᠷ᠃
ᠲᠡᠭᠦᠰ ᠴᠣᠭᠲᠤ ᠮᠤᠨᠠ ᠬᠠᠨ
ᠨᠥᠬᠥᠳ ᠰᠡᠯᠲᠡ ᠰᠠᠭᠤᠮᠤᠢ᠃
ᠢᠯᠠᠭᠤᠭᠰᠠᠨ ᠯᠤᠪᠰᠠᠩᠷᠠᠬᠤᠸᠠ ᠶ᠋ᠢᠨ ᠱᠠᠵᠢᠨ ᠨᠣᠮ ᠢ᠋ ᠰᠠᠬᠢᠭᠴᠢ᠃
ᠲᠠᠩᠭᠠᠷᠢᠭ ᠳᠤ ᠶᠤᠺᠠᠽᠡᠷᠢ ᠶ᠋ᠢᠨ ᠨᠥᠬᠥᠷ ᠰᠦᠯᠳᠡ ᠪᠣᠯᠤᠭᠴᠢ᠃
ᠬᠠᠷᠢ ᠶ᠋ᠢᠨ ᠵᠦᠭ ᠦ᠋ᠨ ᠬᠠᠮᠤᠭ ᠳᠠᠢᠰᠤᠨ᠂
ᠲᠣᠳᠬᠠᠷ ᠤ᠋ᠳ ᠢ᠋ ᠬᠢᠳᠤᠭᠴᠢ᠃
ᠬᠦᠴᠦᠨ ᠯᠦ᠍ᠭᠡ ᠲᠡᠭᠦᠰᠦᠭᠰᠡᠨ᠂
ᠲᠩᠷᠢ ᠶ᠋ᠢ ᠵᠠᠯᠠᠮᠤᠢ᠃
ᠢᠵᠠᠭᠤᠷ ᠤ᠋ᠨ ᠣᠷᠣᠰᠢᠭᠰᠠᠨ᠂ ᠶᠡᠬᠡ ᠬᠠᠭᠠᠨ ᠴᠢᠮᠠ ᠳ᠋ᠤᠷ
ᠢᠷᠡᠬᠦ ᠪᠠ ᠣᠳᠬᠤ ᠭᠡᠮᠡᠨ᠂ ᠪᠡᠯᠡᠭᠡᠰ ᠦᠭᠡᠢ ᠪᠣᠯᠪᠠᠴᠤ᠃
ᠢᠯᠠᠩᠭᠤᠶᠠ ᠪᠢᠳᠡ ᠪᠦᠷᠢᠨ᠂ ᠤᠬᠠᠭᠠᠨ ᠤ᠋ ᠸᠸᠰᠢ ᠳ᠋ᠦ᠍ᠷ᠃
ᠢᠯᠡᠳᠬᠡᠵᠦ ᠲᠠᠬᠢᠰᠤᠭᠠᠢ᠂ ᠡᠨᠳᠡ ᠢᠷᠡᠨ ᠰᠣᠶᠣᠷᠬᠠ᠃
ᠠᠮᠤᠷᠯᠢᠩᠭᠤᠢ ᠳᠡᠯᠭᠡᠷᠡᠩᠭᠦᠢ᠂ ᠡᠷᠬᠡ ᠲᠣᠭᠰᠢᠨ ᠦᠢᠯᠡᠰ ᠦ᠋ᠨ᠃
ᠢᠯᠭᠠᠯ ᠢ᠋ᠶ᠋ᠠᠷ ᠡᠯᠳᠡᠪ ᠳᠦᠷᠢ᠂ ᠠᠭᠠᠯᠢ ᠶ᠋ᠢ ᠬᠤᠪᠢᠯᠭᠠᠨ᠃
ᠲᠩᠷᠢ ᠯᠤᠤᠰ ᠪᠠ ᠬᠠᠭᠠᠨ ᠠᠯᠪᠢᠨ᠂ ᠲᠡᠷᠢᠭᠦᠲᠡᠨ ᠨᠦ᠍ᠭᠦᠳ ᠦ᠋ᠨ᠃
ᠠᠢᠮᠠᠭ ᠯᠤᠭᠠ ᠰᠡᠯᠲᠡ ᠪᠦᠭᠦᠳᠡ ᠵᠠᠯᠠᠷᠠᠵᠤ ᠢᠷᠡᠭᠲᠦᠨ᠃
ᠡᠯᠳᠡᠪ ᠣᠯᠠᠨ ᠡᠷᠳᠡᠨᠢᠰ ᠦ᠋ᠨ ᠴᠢᠮᠡᠭ ᠵᠡᠪᠰᠡᠭ ᠪᠠᠳᠠᠷᠠᠨ᠃
ᠡᠯᠳᠡᠪ ᠬᠥᠭᠵᠢᠮ ᠳᠠᠭᠤᠨ ᠢ᠋ᠶ᠋ᠠᠷ᠂ ᠢᠷᠠᠭᠤᠳᠠᠨ ᠵᠢᠷᠬᠢᠷᠡᠨ᠃
ᠡᠯᠳᠡᠪ ᠬᠦᠵᠢ ᠶ᠋ᠢᠨ ᠦᠨᠦᠷ ᠢ᠋ᠶ᠋ᠡᠷ᠂ ᠳᠡᠯᠡᠬᠡᠢ ᠶ᠋ᠢ ᠳᠦᠭᠦᠷᠭᠡᠨ᠃
ᠡᠯᠳᠡᠪ ᠳᠦᠷᠢ ᠴᠡᠩᠭᠡᠯ ᠢ᠋ᠶ᠋ᠡᠷ ᠪᠠᠲᠤ ᠰᠠᠭᠤᠨ ᠰᠣᠶᠣᠷᠬᠠ᠁ ᠭᠡᠵᠦ ᠯᠠᠮᠠ ᠨᠠᠷ ᠮᠤᠨᠠ ᠬᠠᠨ ᠤ᠋ ᠲᠠᠬᠢᠯᠭᠠ ᠶ᠋ᠢᠨ ᠣᠷᠣᠰᠢᠯ ᠤ᠋ᠨ ᠰᠤᠳᠤᠷ ᠢ᠋ ᠨᠠᠮᠠᠨᠴᠢᠯᠠᠨ ᠤᠩᠰᠢᠭᠰᠠᠨ ᠳ᠋ᠤ᠌ ᠣᠯᠠᠨ ᠲᠠᠬᠢᠯᠭᠠᠴᠢ ᠮᠥᠷᠭᠥᠯᠴᠢᠨ ᠠᠮᠠᠨ ᠳ᠋ᠠᠭᠠᠨ ᠳᠠᠭᠠᠯᠳᠤᠨ ᠤᠩᠰᠢᠵᠠᠭᠠᠵᠤ ᠭᠥᠯᠢᠰ ᠦ᠋ᠨ ᠲᠠᠷᠢᠬᠢᠨ ᠳ᠋ᠤ᠌ ᠠᠷᠴᠠ ᠰᠠᠩ ᠨᠡᠮᠡᠷᠢᠯᠡᠨ ᠤᠭᠤᠭᠢᠭᠤᠯᠵᠤ᠂ ᠬᠦᠵᠢ ᠠᠰᠠᠭᠠᠨ ᠳᠠᠭᠠᠳᠬᠠᠨᠠ᠃
ᠴᠠᠪᠴᠢᠮᠠ ᠥᠨᠳᠥᠷ ᠰᠢᠷᠠ ᠣᠷᠣᠢ ᠶ᠋ᠢᠨ ᠳᠤᠲᠠᠨ ᠬᠠᠳᠠᠨ ᠤ᠋ ᠰᠠᠭᠯᠠᠭᠠᠷ ᠪᠠᠳᠮᠠᠨ ᠰᠠᠯᠠᠭᠠ ᠲᠠᠢ ᠪᠦᠳᠦᠭᠦᠨ ᠨᠠᠷᠠᠰᠤᠨ ᠮᠣᠳᠣᠨ ᠳ᠋ᠤ᠌ ᠡᠯᠭᠦᠭᠰᠡᠨ ᠪᠤᠭᠤ ᠭᠥᠷᠦᠭᠡᠰᠦᠨ ᠦ᠌ ᠠᠷᠠᠰᠤᠨ ᠳᠡᠭᠡᠷᠡ ᠴᠢᠨᠣᠠ ᠶ᠋ᠢᠨ ᠵᠣᠭᠳᠣᠷ ᠢ᠋ᠶ᠋ᠠᠷ ᠤᠷᠠᠯᠠᠭᠰᠠᠨ ᠮᠤᠨᠠ ᠬᠠᠨ ᠤ᠋ ᠬᠥᠷᠥᠭ ᠵᠢᠷᠤᠭ ᠮᠥᠷᠭᠥᠯᠴᠢ ᠲᠠᠬᠢᠯᠭᠠᠴᠢᠳ ᠤ᠋ᠨ ᠦᠨᠡᠨ ᠰᠢᠲᠦᠭᠡᠨ ᠳ᠋ᠦ᠍ ᠤᠯᠠᠮ ᠴᠤ᠌ ᠰᠦᠷᠯᠢᠭ ᠶᠡᠬᠡᠮᠰᠦᠭ ᠬᠠᠷᠠᠭᠳᠠᠨᠠ᠃ ᠮᠡᠷᠭᠡᠨ ᠭᠡᠭᠡᠨᠲᠠᠨ ᠲᠦᠷᠦᠭᠦᠯᠡᠨ ᠮᠤᠨᠠ ᠬᠠᠨ ᠤ᠋ ᠬᠥᠷᠥᠭ ᠵᠢᠷᠤᠭ ᠲᠤ ᠰᠥᠭᠥᠳᠦᠨ ᠮᠥᠷᠭᠥᠴᠢᠬᠡᠬᠦ ᠳ᠋ᠦ᠍ ᠮᠡᠷᠭᠡᠨ ᠴᠠᠭᠠᠨ ᠯᠠᠮᠠᠬᠠᠢ ᠲᠤᠯᠤᠮ ᠲᠠᠢ ᠰᠠᠩ ᠠᠷᠴᠠ ᠠ᠋ᠴᠠ ᠪᠠᠳᠠᠷᠠᠨ ᠲᠥᠷᠥᠯᠵᠢᠬᠦ ᠭᠠᠯ ᠤ᠋ᠨ ᠴᠣᠭ ᠲᠤ ᠰᠠᠩ ᠲᠠᠯᠪᠢᠵᠤ᠄
()) ᠤᠸᠮ ᠡᠡ()) ᠾᠤ᠌ᠤ᠌
()) ᠤᠸᠮ ᠡᠡ()) ᠾᠤ᠌ᠤ᠌
()) ᠤᠸᠮ ᠡᠡ()) ᠾᠤ᠌ᠤ᠌ ()) ᠾᠤ᠌ᠤ᠌
ᠨᠣᠮᠣᠨ ᠪᠡᠶᠡ ᠶ᠋ᠢᠨ ᠠᠭᠠᠷ ᠲᠠᠬᠢ᠂ ᠦᠨᠡᠮᠯᠡᠬᠦᠢ ᠪᠤᠷᠬᠠᠳ ᠪᠠ᠃
ᠸᠴᠢᠷᠳᠠᠾᠠᠷᠠ ᠲᠡᠷᠢᠭᠦᠲᠡᠨ᠂ ᠵᠢᠷᠭᠠᠯᠠᠩ ᠤ᠋ᠨ ᠪᠡᠶᠡᠳᠡᠨ᠃
ᠴᠠᠭ ᠤ᠋ᠨ ᠡᠵᠡᠨ ᠱᠠᠭᠵᠠᠮᠤᠨᠢ᠂ ᠪᠠᠭᠰᠢ ᠪᠠᠳᠠᠮᠰᠠᠮᠪᠾᠠᠸᠠ᠂
ᠠᠳᠢᠰᠲᠢᠳ ᠢ᠋ ᠪᠠᠭᠤᠯᠭᠠ᠃
ᠲᠡᠭᠦᠰ ᠴᠣᠭᠲᠤ ᠮᠤᠨᠠ᠂ ᠨᠥᠬᠥᠳ ᠯᠦ᠍ᠭᠡ ᠰᠡᠯᠲᠡ ᠪᠠ᠃
ᠷᠢᠳᠢ ᠶ᠋ᠢᠨ ᠡᠷᠭᠢ ᠲᠡᠭᠦᠰᠦᠭᠰᠡᠨ᠃
ᠬᠠᠲᠤᠨ ᠭᠣᠣᠯ ᠤ᠋ᠨ ᠡᠵᠡᠳ ᠪᠠ᠂
ᠪᠠᠰᠠ ᠪᠤᠰᠤ ᠴᠠᠭᠠᠨ ᠵᠦᠭᠲᠡᠨ᠂
ᠲᠩᠷᠢ ᠯᠤᠤᠰ ᠵᠠᠯᠠᠮᠤᠢ᠃
ᠳᠠᠭᠠᠯᠠᠬᠤᠢ ᠳᠡᠪᠢᠰᠬᠡᠷ ᠲᠦ᠍᠂ ᠪᠠᠶᠠᠰᠬᠤᠢ ᠪᠠᠷ ᠰᠠᠭᠤᠭᠲᠤᠨ᠃
ᠡᠷᠳᠡᠨᠢ ᠪᠡᠷ ᠡᠭᠦᠳᠦᠭᠰᠡᠨ᠂ ᠠᠭᠤᠤ ᠰᠠᠪᠠ ᠶ᠋ᠢᠨ ᠳᠣᠲᠣᠷᠠ᠃
ᠵᠠᠭᠤᠨ ᠠᠮᠲᠠ ᠲᠡᠭᠦᠰᠦᠭᠰᠡᠨ᠂ ᠪᠠᠯᠢᠩ ᠬᠢᠭᠡᠳ ᠢᠳᠡᠭᠡᠳ᠃
ᠤᠮᠳᠠᠭᠠᠨ ᠢ᠋ ᠠᠷᠢᠭᠤᠨᠠ᠂ ᠪᠡᠯᠡᠳᠦᠭᠡᠳ ᠡᠷᠭᠦᠮᠦ᠃
ᠤᠬᠢᠶᠠᠯᠠᠨ ᠠᠷᠪᠢᠳᠬᠠᠭᠰᠠᠨ ᠲᠠᠬᠢᠯ ᠢ᠋ᠶ᠋ᠠᠷ ᠲᠠᠬᠢᠮᠤ᠃
ᠪᠠᠰᠠ ᠪᠤᠰᠤ ᠮᠢᠩᠭᠠᠨ ᠰᠢᠮᠡ᠂ ᠬᠤᠷᠢᠶᠠᠭᠰᠠᠨ ᠰᠠᠴᠤᠯᠢ ᠶ᠋ᠢ᠃
ᠪᠡᠯᠡᠳᠬᠡᠭᠡᠳ ᠬᠤᠪᠢᠯᠭᠠᠭᠰᠠᠨ᠂ ᠲᠠᠬᠢᠯ ᠬᠢᠭᠡᠳ ᠦᠵᠡᠮᠵᠢ᠃
ᠭᠠᠵᠠᠷ ᠬᠢᠭᠡᠳ ᠭᠡᠭᠡᠬᠡᠨ ᠵᠠᠪᠰᠠᠷ᠂ ᠣᠭᠲᠠᠷᠭᠤᠢ ᠶ᠋ᠢ ᠳᠦᠭᠦᠷᠭᠡᠨ᠃
ᠲᠠᠷᠨᠢ ᠮᠣᠳᠣᠷ ᠰᠡᠮᠢᠳᠢ ᠪᠡᠷ᠂ ᠠᠳᠢᠰᠯᠠᠵᠤ ᠲᠠᠬᠢᠮᠤ᠃
ᠦᠯᠡᠮᠵᠢᠳᠡ ᠪᠠᠳᠠᠷᠠᠩᠭᠤᠢ᠂ ᠭᠠᠯ ᠤ᠋ᠨ ᠴᠣᠭᠴᠠ ᠶ᠋ᠢᠨ ᠳᠣᠲᠣᠷᠠ᠃
ᠦᠨᠦᠷ ᠲᠡᠭᠦᠰ ᠰᠠᠩ ᠤ᠋ᠨ ᠡᠳ᠋ ᠢ᠋ ᠲᠦᠯᠡᠭᠰᠡᠨ ᠦ᠌ ᠤᠨᠢᠶᠠᠷ᠃
ᠭᠠᠵᠠᠷ ᠬᠢᠭᠡᠳ ᠭᠡᠭᠡᠬᠡᠨ ᠵᠠᠪᠰᠠᠷ᠂ ᠣᠭᠲᠠᠷᠭᠤᠢ ᠳᠠ ᠲᠦᠭᠡᠮᠡᠯ᠂
ᠳᠦᠭᠦᠷᠦᠭᠰᠡᠨ ᠡᠭᠦᠯᠡᠳ ᠢ᠋ᠶ᠋ᠡᠷ᠂ ᠠᠷᠢᠭᠤᠯᠠᠨ ᠲᠠᠬᠢᠮᠤ᠃
ᠶᠡᠬᠡ ᠷᠢᠳᠢ ᠶ᠋ᠢᠨ ᠬᠦᠴᠦᠨ ᠢ᠋ᠶ᠋ᠡᠷ᠂ ᠡᠷᠬᠡᠰᠢᠶᠡᠭᠴᠢ ᠪᠠᠭᠠᠲᠤᠷ᠃
ᠳᠥᠷᠪᠡᠨ ᠦᠢᠯᠡ ᠶ᠋ᠢᠨ ᠠᠪᠤᠷᠢ ᠪᠠᠷ᠂ ᠵᠢᠪᠬᠤᠯᠠᠩ ᠤ᠋ᠨ ᠪᠠᠢᠳᠠᠯᠲᠦ᠃
ᠪᠦᠷᠢᠨ ᠲᠡᠭᠦᠰ ᠠᠮᠤᠷ ᠵᠢᠷᠭᠠᠯ᠂ ᠪᠦᠭᠦᠳᠡ ᠶ᠋ᠢ ᠥᠭᠭᠦᠴᠢ᠃
ᠶᠡᠬᠡ ᠰᠦᠯᠳᠡ ᠨᠥᠬᠥᠳ ᠰᠡᠯᠲᠡ᠂ ᠪᠦᠭᠦᠳᠡ ᠶ᠋ᠢ ᠮᠠᠭᠲᠠᠮᠤ᠃
ᠬᠠᠷᠰᠢ ᠵᠡᠳᠬᠡᠷ ᠬᠥᠨᠥᠭᠡᠯ ᠢ᠋᠂ ᠬᠠᠷᠢᠭᠤᠯᠤᠨ ᠰᠣᠶᠣᠷᠬᠠ᠃
ᠴᠢᠨᠠᠳᠤᠰ ᠤ᠋ᠨ ᠣᠮᠣᠭᠰᠢᠯ ᠢ᠋᠂ ᠡᠷᠬᠡᠰᠢᠶᠡᠯ ᠳ᠋ᠦ᠍ᠷ ᠬᠤᠷᠢᠶᠠ᠃
ᠬᠣᠣᠷᠯᠠᠭᠴᠢᠨ ᠢ᠋ ᠪᠡᠯᠭᠡ ᠲᠡᠮᠳᠡᠭ᠂ ᠦᠵᠡᠭᠦᠯᠵᠦ ᠬᠡᠰᠬᠡ᠃
ᠲᠠᠨ ᠳ᠋ᠤᠷ ᠳᠠᠬᠢᠨ ᠳᠤᠯᠳᠤᠢᠳᠤᠭᠰᠠᠨ᠂ ᠪᠢᠳᠡ ᠨᠥᠬᠥᠳ ᠰᠡᠯᠲᠡ ᠶ᠋ᠢ᠃
ᠬᠡᠭᠡᠷᠡ ᠪᠠ ᠰᠠᠭᠤᠷᠢᠨ ᠳ᠋ᠤᠷ᠂ ᠦᠷᠭᠦᠯᠵᠢᠳᠡ ᠲᠡᠳᠬᠦᠭᠡᠳ᠃
ᠰᠠᠨᠠᠭᠰᠠᠨ ᠢ᠋ ᠰᠡᠳᠬᠢᠯᠴᠢᠯᠡᠨ᠂ ᠪᠦᠲᠦᠭᠡᠬᠦ ᠦᠢᠯᠡᠰ ᠢ᠋᠃
ᠠᠯᠭᠠᠰᠠᠬᠤ ᠦᠭᠡᠭᠦᠶᠡ᠂ ᠰᠦᠯᠳᠡ ᠪᠣᠯᠤᠨ ᠰᠣᠶᠣᠷᠬᠠ᠃
ᠢᠯᠠᠩᠭᠤᠶᠠ ᠬᠤᠷᠠᠯ ᠠᠢᠮᠠᠭ᠂ ᠬᠡᠢᠳ ᠦ᠋ᠨ ᠣᠷᠣᠨ ᠰᠦᠯᠳᠡ ᠶ᠋ᠢ᠃
ᠬᠦᠴᠦᠨ ᠲᠡᠭᠦᠰ ᠰᠦᠯᠳᠡ ᠲᠠᠨ ᠳ᠋ᠤᠷ᠂
ᠲᠤᠰᠢᠶᠠᠭᠰᠠᠨ ᠯᠤᠭᠠ ᠰᠡᠯᠲᠡ ᠪᠦᠭᠦᠳᠡ ᠶ᠋ᠢ ᠰᠠᠬᠢᠭᠠᠳ᠃
ᠳᠡᠭᠡᠷᠡ ᠡᠴᠡ ᠳᠡᠭᠡᠭᠰᠢᠳᠡ ᠨᠡᠮᠡᠭᠦᠯᠦᠨ ᠰᠣᠶᠣᠷᠬᠠ᠃ ᠁ ᠭᠡᠵᠦ《ᠮᠤᠨᠠ ᠬᠠᠨ ᠤ᠋ ᠰᠠᠩ》 ᠢ᠋ ᠬᠠᠮ ᠬᠦᠩᠭᠢᠨᠡᠭᠦᠨ ᠳᠠᠭᠤᠨ ᠢ᠋ᠶ᠋ᠠᠷ ᠬᠠᠳᠠ ᠴᠤᠤᠷᠢᠵᠠᠳᠤᠭᠤᠯᠤᠨ ᠤᠩᠰᠢᠪᠠᠯ ᠵᠡᠷᠭᠡ ᠵᠢᠩᠰᠡᠲᠠᠳ᠂ ᠯᠠᠮᠠ ᠬᠤᠸᠠᠷᠠᠭ᠂ ᠮᠥᠷᠭᠥᠯᠴᠢ ᠲᠠᠬᠢᠯᠭᠠᠴᠢᠳ《ᠬᠤᠷᠤᠢ᠂ ᠬᠤᠷᠤᠢ᠂ ᠬᠤᠷᠤᠢ!》 ᠭᠡᠵᠦ ᠪᠦᠭᠦᠳᠡ ᠮᠤᠨᠠ ᠬᠠᠨ ᠳ᠋ᠠᠭᠠᠨ ᠰᠦᠵᠢᠭᠯᠡᠨ ᠮᠥᠷᠭᠥᠵᠦ ᠮᠤᠨᠠ ᠬᠠᠨ ᠤ᠋ ᠬᠥᠷᠥᠭ ᠵᠢᠷᠤᠭ ᠤ᠋ᠨ ᠰᠠᠭᠰᠠᠭ ᠠ᠋ᠴᠠ ᠮᠣᠳᠣᠷᠠᠯᠠᠭᠰᠠᠨ ᠰᠤᠨᠳᠠᠭ ᠠ᠋ᠴᠠ ᠠᠳᠢᠰᠯᠠᠨᠠ᠁
ᠦᠰᠦᠭ ᠠᠮᠢᠯᠠᠭᠤᠯᠤᠭᠰᠠᠨ ᠨᠢ᠄ ᠲᠡᠭᠷᠢ ᠡᠵᠢ