ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ01Юан улсын дээд нийслэл шант
ᠨᠢᠭᠡ ᠱᠠᠩᠳᠤ ᠪᠠ ᠵᠣᠣ ᠨᠠᠢ᠍ᠮᠠᠨ ᠰᠦᠮ᠎ᠡ ᠬᠡᠮᠡᠬᠦ ᠨᠡᠷ᠎ᠡ ᠶ᠋ᠢᠨ ᠢᠷᠡᠯ
ᠱᠠᠩᠳᠤ ᠶ᠋ᠢᠨ ᠭᠣᠣᠯ ᠤ᠋ᠨ ᠤᠷᠤᠰᠬᠠᠯ ᠣᠷᠣᠨ ᠪᠣᠯ ᠡᠷᠲᠡᠨ ᠳᠡᠭᠡᠳᠦᠰ ᠡᠴᠡ ᠪᠡᠨ ᠠᠪᠤᠭᠠᠳ ᠢᠰᠡᠭᠡᠢ ᠲᠤᠭᠤᠷᠭᠠᠲᠠᠨ ᠤ᠋ ᠥᠯᠥᠭᠡᠢ ᠨᠤᠲᠤᠭ᠂ᠮᠣᠩᠭᠣᠯ ᠤᠭᠰᠠᠭᠠᠲᠠᠨ ᠤ᠋ ᠨᠡᠭᠦᠳᠡᠯ ᠮᠠᠯᠵᠢᠯ ᠤ᠋ᠨ ᠪᠡᠯᠴᠢᠭᠡᠷ ᠪᠣᠯᠬᠤ ᠶᠤᠮ᠃ᠠᠯᠢ ᠡᠷᠲᠡ ᠨᠡᠢᠲᠡ ᠶ᠋ᠢᠨ ᠣᠨ ᠲᠣᠭᠠᠯᠠᠯᠠ᠋ᠴᠠ ᠡᠮᠦᠨᠡᠬᠢ 21 ᠳ᠋ᠦ᠍ᠭᠡᠷ ᠵᠠᠭᠤᠨ ᠠ᠋ᠴᠠ3 ᠳ᠋ᠤᠭᠠᠷ ᠵᠠᠭᠤᠨ ᠪᠣᠯᠲᠠᠯᠠᠬᠢ ᠬᠤᠭᠤᠴᠠᠭᠠᠨ ᠳ᠋ᠤ᠌ ᠾᠦᠩᠨᠦ ᠠᠢᠮᠠᠭ ᠤ᠋ᠨ ᠰᠠᠯᠪᠤᠷᠢ ᠪᠣᠯᠬᠤ ᠬᠦᠢᠪᠠᠩ ᠣᠪᠣᠭᠲᠠᠨ ᠳ᠋ᠤ᠌ ᠬᠠᠷᠢᠶᠠᠯᠠᠭᠳᠠᠵᠤ ᠪᠠᠢᠪᠠ᠃ ᠴᠢᠨ᠂ᠬᠠᠨ ᠤᠯᠤᠰ ᠤ᠋ᠨ ᠦᠶᠡᠰ ᠾᠦᠩᠨᠦ ᠭᠦᠷᠦᠨ ᠦ᠌ ᠮᠣᠳᠣᠨ ᠴᠠᠨ ᠢᠦᠢ ᠬᠠᠭᠠᠨ ᠤ᠋ ᠡᠵᠡᠮᠰᠢᠯ ᠭᠠᠵᠠᠷ ᠤ᠋ᠨ ᠵᠡᠭᠦᠨ ᠬᠢᠵᠠᠭᠠᠷ ᠪᠠᠢᠵᠤ ᠵᠡᠭᠦᠨ ᠬᠠᠨ ᠤᠯᠤᠰ ᠤ᠋ᠨ ᠦᠶᠡᠰ ᠦᠬᠤᠸᠠᠨᠴᠤᠳ ᠤ᠋ᠨ ᠬᠠᠷᠢᠶᠠᠲᠤ ᠭᠠᠵᠠᠷ ᠪᠠᠢᠭᠰᠠᠨ ᠶᠤᠮ᠃ ᠱᠠᠩᠳᠤ ᠶ᠋ᠢᠨ ᠭᠣᠣᠯ ᠤ᠋ᠨ ᠠᠷᠤ ᠬᠣᠢᠨ᠎ᠠ 20 ᠰᠢᠬᠠᠮ ᠭᠠᠵᠠᠷ ᠤ᠋ᠨ ᠵᠠᠢ ᠳ᠋ᠤ᠌ ᠪᠠᠢᠬᠤ ᠦᠬᠤᠸᠠᠨ ᠠᠭᠤᠯᠠ ᠪᠠ ᠦᠬᠤᠸᠠᠨ ᠬᠣᠲᠠ ᠶ᠋ᠢᠨ ᠪᠠᠭᠤᠷᠢ ᠪᠣᠯ ᠲᠤᠬᠠᠢ ᠶ᠋ᠢᠨ ᠦᠶᠡᠰ ᠦ᠋ᠨ ᠦᠬᠤᠸᠠᠨᠴᠤᠳ ᠤ᠋ᠨ ᠨᠤᠲᠤᠭᠯᠠᠨ ᠰᠠᠭᠤᠭᠰᠠᠨ ᠬᠠᠭᠤᠴᠢ ᠪᠢᠯᠡ᠃ ᠡᠳᠦᠭᠡ ᠬᠠᠷᠢᠨ ᠭᠡᠭᠡᠨ ᠣᠪᠣᠭ᠎ᠠ ᠂ᠠᠷᠪᠠᠨ ᠭᠤᠷᠪᠠᠨ ᠣᠪᠣᠭ᠎ᠠ ᠭᠡᠮᠡᠨ ᠳᠠᠭᠤᠳᠠᠳᠠᠭ ᠪᠣᠯᠪᠠ᠃ ᠦᠬᠤᠸᠠᠨ᠂ ᠰᠢᠶᠠᠨᠪᠢ ᠪᠣᠯ ᠵᠡᠭᠦᠨ ᠬᠦᠦᠴᠤᠳ ᠤ᠋ᠨ ᠭᠣᠣᠯ ᠰᠠᠯᠪᠤᠷᠢ᠂ᠥᠨᠳᠥᠷ ᠲᠡᠷᠭᠡᠳᠡᠨ ᠦ᠌ ᠬᠣᠢᠴᠢ ᠦᠶ᠎ᠡ ᠶᠤᠮ᠃ᠸᠧᠢ ᠤᠯᠤᠰ ᠤ᠋ᠨ ᠦᠶᠡᠰ ᠲᠦ᠍ ᠰᠢᠶᠠᠨᠪᠧᠢ᠂ ᠲᠦᠷᠭᠦᠳᠴᠦᠳ ᠨᠤᠲᠤᠭᠯᠠᠵᠤ᠂ ᠶ᠋ᠢᠨ ᠤᠯᠤᠰ ᠤ᠋ᠨ ᠦᠶᠡᠰ ᠰᠢᠶᠠᠨᠪᠧᠢ ᠶ᠋ᠢᠨ ᠢᠦᠢ ᠸᠸᠨ ᠣᠪᠣᠭᠲᠠᠨ ᠡᠵᠡᠮᠰᠢᠵᠡᠢ᠃ ᠳᠠᠩ ᠤᠯᠤᠰ ᠤ᠋ᠨ ᠦᠶ᠎ᠡ ᠳ᠋ᠦ᠍ ᠭᠢᠳᠠᠨᠴᠤᠤᠯ ᠤ᠋ᠨ ᠬᠠᠷᠢᠶᠠᠲᠤ ᠭᠠᠵᠠᠷ ᠪᠣᠯᠪᠠ᠃ ᠬᠢᠳᠠᠨᠴᠤᠤᠯ ᠯᠢᠶᠣᠣ ᠤᠯᠤᠰ ᠢ᠋ ᠪᠠᠢᠭᠤᠯᠤᠭᠰᠠᠨ ᠤ᠋ ᠳᠠᠷᠠᠭ᠎ᠠ ᠲᠤᠰ ᠣᠷᠣᠨ ᠨᠢ ᠪᠠᠷᠠᠭᠤᠨ ᠨᠡᠢᠰᠯᠡᠯ ᠦ᠋ᠨ ᠵᠠᠮ ᠳ᠋ᠤ᠌ ᠬᠠᠮᠢᠶᠠᠷᠤᠭᠳᠠᠪᠠ᠃ᠠᠯᠲᠠᠨ ᠤᠯᠤᠰ ᠪᠣᠯᠤᠭᠰᠠᠨ ᠤ᠋ ᠳᠠᠷᠠᠭ᠎ᠠ ᠨᠡᠭᠦᠳᠡᠯ ᠣᠷᠳᠣᠨ ᠵᠠᠬᠢᠷᠴᠤ ᠪᠠᠢᠭᠰᠠᠨ ᠠ᠋ᠴᠠ ᠪᠠᠨ ᠰᠠᠭᠤᠷᠢᠰᠢᠭᠰᠠᠨ ᠬᠠᠭᠤᠴᠢᠨ ᠬᠤᠸᠠᠨᠵᠸᠦ᠂ᠰᠢᠨ᠎ᠡ ᠬᠤᠸᠠᠨᠵᠸᠦ ᠬᠣᠲᠠ ᠤᠷᠢᠳ ᠬᠣᠵᠢᠳ ᠪᠠᠢᠭᠤᠯᠤᠭᠳᠠᠵᠤ ᠡᠨᠡ ᠬᠦ᠌ ᠣᠷᠣᠨ ᠢ᠋ ᠵᠠᠬᠢᠷᠴᠠᠢ᠃ ᠰᠢ ᠵᠢᠩ ᠴᠥᠯᠭᠡ ᠶ᠋ᠢᠨ ᠬᠤᠸᠠᠨᠵᠸᠦ ᠬᠣᠲᠠ ᠶ᠋ᠢ ᠦ ᠯᠤᠸᠠᠨ ᠱᠦᠢ ᠤᠰᠤᠨ ᠤ᠋ ᠤᠮᠠᠷ᠎ᠠ ᠡᠷᠭᠢ᠂ᠶᠡᠬᠡ ᠪᠠᠭ᠎ᠠ ᠬᠤᠷᠠᠬᠤ ᠶ᠋ᠢᠨ ᠠᠭᠤᠯᠠᠨ ᠤ᠋ ᠠᠭᠤᠯᠵᠠᠭᠤᠷ ᠠᠮᠠ ᠶ᠋ᠢᠨ ᠵᠡᠭᠦᠨ ᠡᠩᠭᠡᠷ ᠲᠦ᠍ ᠴᠣᠭᠴᠠᠯᠠᠵᠤ ᠬᠣᠯᠠ ᠳ᠋ᠠᠬᠢᠨ ᠢ᠋ ᠳᠠᠢᠯᠠᠨ ᠳᠠᠭᠠᠭᠤᠯᠬᠤ ᠰᠠᠭᠤᠷᠢᠨ ᠭᠠᠵᠠᠷ ᠪᠣᠯᠭᠠᠵᠤ ᠪᠠᠢᠭᠰᠠᠨ ᠶᠤᠮ᠃ᠲᠡᠷᠡ ᠦᠶᠡᠰ ᠱᠠᠩᠳᠤ ᠶ᠋ᠢᠨ ᠰᠢᠷ᠎ᠠ ᠲᠠᠯ᠎ᠠ ᠶ᠋ᠢ ᠬᠤᠷᠠᠬᠤ ᠶ᠋ᠢᠨ ᠵᠡᠭᠦᠨ ᠲᠠᠯ᠎ᠠ ᠭᠡᠳᠡᠭ ᠪᠠᠢᠵᠠᠢ᠃
ᠤᠮᠠᠷᠠᠲᠤ ᠸᠧᠢ ᠤᠯᠤᠰ ᠤ᠋ᠨ ᠦᠶ᠎ᠡ ᠳ᠋ᠦ᠍ ᠡᠨᠡ ᠬᠦ᠌ ᠥᠷᠭᠡᠨ ᠠᠭᠤᠳᠠᠮ ᠲᠠᠯ᠎ᠠ ᠪᠠᠷ ᠤᠭᠠᠯᠵᠠᠯᠠᠨ ᠴᠡᠩᠬᠡᠷᠯᠡᠭᠰᠡᠨ ᠨᠣᠮᠢᠨ ᠭᠣᠣᠯ ᠢ᠋ 《ᠶᠤᠸᠠᠨ ᠱᠦᠢ ᠤᠰᠤ》ᠭᠡᠮᠡᠨ《ᠱᠦᠢ ᠵᠢᠩ ᠵᠣ᠌》 ᠪᠢᠴᠢᠭ ᠲᠦ᠍ ᠲᠡᠮᠳᠡᠭᠯᠡᠭᠰᠡᠨ ᠠᠵᠠᠢ᠃ᠷᠤᠸᠠᠨ᠂ ᠷᠦᠩ᠂ ᠷᠤ᠌ ᠪᠣᠯ ᠬᠢᠲᠠᠳ ᠤ᠋ᠨ ᠲᠡᠦᠬᠡᠨ ᠰᠤᠷᠪᠤᠯᠵᠢ ᠪᠢᠴᠢᠭ ᠲᠦ᠍ ᠤᠮᠠᠷᠠᠲᠤ ᠶ᠋ᠢᠨ ᠨᠡᠭᠦᠳᠡᠯᠴᠢᠨ ᠦᠨᠳᠦᠰᠦᠲᠡᠨ ᠦ᠌ ᠭᠣᠣᠯ ᠴᠣᠭᠴᠠ — ᠮᠣᠩᠭᠣᠯ ᠲᠤᠭᠤᠷᠭᠠᠲᠠᠨ ᠢ᠋ ᠵᠢᠭᠠᠵᠤ ᠨᠡᠷᠡᠯᠡᠳᠡᠭ ᠪᠢᠯᠡ᠃ ᠳᠠᠩ ᠤᠯᠤᠰ ᠠ᠋ᠴᠠ ᠬᠣᠢᠰᠢ 《ᠦ ᠯᠤᠸᠠᠨ ᠱᠦᠢ ᠤᠰᠤ》ᠭᠡᠮᠡᠨ ᠳᠠᠭᠤᠳᠠᠵᠤ ᠲᠡᠮᠳᠡᠭᠯᠡᠬᠦ ᠪᠣᠯᠪᠠ᠃ ᠡᠨᠡ ᠨᠢ《ᠣᠯᠠᠨ ᠤᠰᠤ》ᠡᠰᠡᠬᠦᠯ᠎ᠡ 《ᠣᠯᠠᠨ ᠭᠣᠣᠯ》 ᠬᠡᠮᠡᠬᠦ ᠮᠣᠩᠭᠣᠯ ᠳᠠᠭᠤᠳᠠᠯᠭ᠎ᠠ ᠶ᠋ᠢᠨ ᠠᠪᠢᠶᠠᠴᠢᠯᠠᠭᠰᠠᠨ ᠲᠡᠮᠳᠡᠭᠯᠡᠯ ᠪᠣᠯᠬᠤ ᠶᠤᠮ᠃ ᠱᠠᠩᠳᠤ ᠶ᠋ᠢᠨ ᠭᠣᠣᠯ ᠪᠣᠯ ᠣᠯᠠᠨ ᠭᠣᠣᠯ ᠭᠣᠷᠣᠬ᠎ᠠ᠂ ᠪᠤᠯᠠᠭ ᠤᠰᠤᠨ ᠤ᠋ ᠨᠡᠢᠯᠡᠪᠦᠷᠢ᠂ ᠴᠣᠬᠣᠮ ᠬᠦ᠌ ᠭᠠᠲᠤᠯᠵᠤ ᠪᠠᠷᠠᠰᠢ ᠦᠭᠡᠢ ᠣᠯᠠᠨ ᠠᠷᠪᠢᠨ ᠤᠭᠠᠯᠵᠠ ᠲᠠᠢ ᠭᠣᠣᠯ ᠪᠤᠶᠤ᠃ ᠶᠡᠬᠡ ᠮᠣᠩᠭᠣᠯ ᠤᠯᠤᠰ ᠤ᠋ᠨ ᠦᠶ᠎ᠡ ᠪᠠ ᠶᠤᠸᠠᠨ ᠤᠯᠤᠰ ᠤ᠋ᠨ ᠡᠬᠢᠨ ᠦ᠌ ᠦᠶ᠎ᠡ ᠪᠡᠷ ᠵᠠᠯᠠᠢᠷ ᠠᠢᠮᠠᠭ ᠡᠨᠡ ᠬᠦ᠌ ᠨᠤᠲᠤᠭ ᠢ᠋ ᠡᠵᠡᠮᠰᠢᠵᠦ ᠨᠡᠭᠦᠳᠡᠯᠯᠡᠨ ᠮᠠᠯᠵᠢᠵᠤ ᠪᠠᠢᠪᠠ᠃
ᠶᠡᠬᠡ ᠶᠤᠸᠠᠨ ᠤᠯᠤᠰ ᠤ᠋ᠨ ᠲᠦᠷᠦᠭᠦᠴᠢ ᠦᠶ᠎ᠡ ᠪᠡᠷ ᠬᠤᠪᠢᠯᠠᠢ ᠡᠨᠡ ᠬᠦ᠌ ᠠᠭᠤᠯᠠ ᠨᠢᠷᠤᠭᠤ ᠬᠥᠨᠳᠡᠯᠢᠳᠦᠨ ᠰᠦᠨᠳᠡᠷᠯᠡᠵᠦ ᠠᠭᠤᠳᠠᠮ ᠲᠠᠯ᠎ᠠ ᠨᠣᠮᠢᠨᠲᠠᠨ ᠴᠡᠩᠬᠡᠷᠯᠡᠵᠦ ᠤᠰᠤ ᠭᠣᠣᠯ ᠰᠦᠯᠵᠢᠯᠳᠦᠨ ᠤᠭᠠᠯᠵᠠᠯᠠᠭᠰᠠᠨ ᠰᠠᠢᠬᠠᠨ ᠨᠤᠲᠤᠭ ᠢ᠋ ᠪᠠᠬᠠᠷᠬᠠᠨ ᠲᠣᠭᠣᠵᠤ ᠬᠣᠲᠠ ᠪᠠᠯᠭᠠᠳ ᠪᠠᠢᠭᠤᠯᠤᠨ ᠰᠠᠭᠤᠷᠢᠰᠢᠯ ᠭᠠᠵᠠᠷ ᠪᠣᠯᠭᠠᠵᠤ《ᠭᠡᠢᠪᠤᠩ ᠪᠠᠯᠭᠠᠳ 》ᠭᠡᠮᠡᠨ ᠨᠡᠷᠡᠯᠡᠭᠰᠡᠨ ᠶᠤᠮ᠃ ᠮᠣᠩᠭᠣᠯ ᠰᠤᠷᠪᠤᠯᠵᠢ ᠲᠡᠦᠬᠡ ᠰᠤᠳᠤᠷ ᠲᠤ᠌ ᠲᠡᠮᠳᠡᠭᠯᠡᠨ ᠲᠣᠳᠣᠷᠬᠠᠢᠯᠠᠭᠰᠠ ᠪᠠᠷ ᠪᠣᠯ ᠪᠠᠯᠭᠠᠳ ᠨᠢ ᠭᠡᠢᠪᠤᠩ ᠭᠣᠣᠯ ᠠ᠋ᠴᠠ ᠣᠢᠷ᠎ᠠ ᠤᠴᠢᠷ 《ᠭᠡᠢᠪᠤᠩ ᠪᠠᠯᠭᠠᠳ》 ᠭᠡᠮᠡᠨ ᠨᠡᠷᠡᠯᠡᠪᠡ ᠭᠡᠵᠦ ᠲᠡᠮᠳᠡᠭᠯᠡᠵᠡᠢ᠃
1260 ᠣᠨ ᠤ᠋ 3 ᠳ᠋ᠤᠭᠠᠷ ᠰᠠᠷ᠎ᠠ ᠳ᠋ᠤ᠌ ᠬᠤᠪᠢᠯᠠᠢ᠂ ᠰᠢᠳᠠᠷ ᠬᠤᠶᠠᠭᠲᠤ ᠪᠠᠨ ᠳᠠᠭᠠᠭᠤᠯᠤᠨ ᠬᠥᠩᠭᠡᠨ ᠲᠡᠷᠭᠡ ᠪᠡᠷ ᠭᠡᠢᠪᠤᠩ ᠤᠷᠲᠤ ᠳ᠋ᠠᠭᠠᠨ ᠬᠠᠷᠢᠵᠤ ᠢᠷᠡᠪᠡ᠃ ᠥᠭᠡᠳᠡᠢ ᠶ᠋ᠢᠨ ᠬᠥᠪᠡᠭᠦᠨ ᠬᠠᠳᠠᠨ ᠸᠠᠩ᠂ ᠴᠠᠭᠠᠲᠠᠢ ᠶ᠋ᠢᠨ ᠬᠦᠦ ᠠᠵᠢᠭᠢ ᠨᠠᠷ ᠤ᠋ᠨ ᠳᠠᠭᠠᠭᠤᠯᠤᠭᠰᠠᠨ ᠪᠠᠷᠠᠭᠤᠨ ᠵᠠᠮ ᠤ᠋ᠨ ᠣᠯᠠᠨ ᠸᠠᠩ ᠨᠣᠶᠠᠳ ᠂ ᠬᠤᠪᠢᠯᠠᠢ ᠶ᠋ᠢᠨ ᠳᠡᠭᠦᠦ ᠮᠦᠭᠡ᠂ᠲᠠᠴᠢᠷ ᠸᠠᠩ ᠨᠣᠶᠠᠨ᠂ᠬᠠᠰᠠᠷ ᠤ᠋ᠨ ᠬᠥᠪᠡᠭᠦᠨ ᠶᠢᠰᠤᠩᠭᠡ᠂ ᠬᠠᠴᠢᠭᠤᠨ ᠤ᠋ ᠬᠥᠪᠡᠭᠦᠨ ᠬᠤᠯᠬᠤᠷ᠂ ᠪᠡᠯᠭᠦᠳᠡᠢ ᠶ᠋ᠢᠨ ᠬᠥᠪᠡᠭᠦᠨ ᠰᠣᠳᠣ ᠨᠠᠷ ᠤ᠋ᠨ ᠳᠠᠭᠠᠭᠤᠯᠤᠭᠰᠠᠨ ᠵᠡᠭᠦᠨ ᠵᠠᠮ ᠤ᠋ᠨ ᠣᠯᠠᠨ ᠸᠠᠩ ᠨᠣᠶᠠᠳ ᠭᠡᠢᠪᠤᠩ ᠪᠠᠯᠭᠠᠳ ᠲᠤ᠌ ᠴᠤᠭᠯᠠᠷᠠᠵᠤ ᠬᠤᠪᠢᠯᠠᠢ ᠶ᠋ᠢᠨ ᠡᠷᠬᠢᠯᠡᠭᠡ ᠪᠡᠷ ᠬᠤᠷᠠᠯᠲᠠᠢ ᠬᠤᠷᠠᠯᠳᠤᠪᠠ᠃ ᠬᠤᠪᠢᠯᠠᠢ ᠲᠡᠳᠡᠨ ᠦ᠌ ᠳᠡᠮᠵᠢᠯᠭᠡ ᠰᠣᠩᠭᠣᠯᠲᠠ ᠪᠠᠷ ᠮᠣᠩᠭᠣᠯ ᠤ᠋ᠨ ᠶᠡᠬᠡ ᠬᠠᠭᠠᠨ ᠣᠷᠣ ᠰᠠᠭᠤᠵᠠᠢ᠃ ᠬᠤᠪᠢᠯᠠᠢ ᠬᠠᠭᠠᠨ ᠰᠠᠭᠤᠭᠰᠠᠨ ᠡᠬᠢᠨ ᠦ᠌ ᠦᠶ᠎ᠡ ᠳ᠋ᠡᠭᠡᠨ ᠭᠡᠢᠪᠤᠩ᠂ ᠶᠠᠨ ᠵᠢᠩ ᠬᠣᠶᠠᠷ ᠲᠤ᠌ ᠡᠭᠡᠯᠵᠢᠯᠡᠨ ᠰᠠᠭᠤᠵᠤ ᠭᠡᠢᠪᠤᠩ ᠳ᠋ᠦ᠍ ᠵᠤᠰᠠᠵᠤ ᠶᠠᠨ ᠵᠢᠩ ᠳ᠋ᠦ᠍ ᠡᠪᠦᠯᠵᠢᠨ᠂ ᠭᠡᠢᠪᠤᠩ ᠪᠠᠯᠭᠠᠳ ᠢ᠋ᠶ᠋ᠠᠷ ᠵᠤᠰᠠᠬᠤ ᠨᠡᠢᠰᠯᠡᠯ ᠪᠣᠯᠭᠠᠵᠤ ᠶᠠᠨ ᠵᠢᠩ ᠬᠣᠲᠠ ᠪᠠᠷ ᠡᠪᠦᠯᠵᠢᠬᠦ ᠨᠡᠢᠰᠯᠡᠯ ᠪᠣᠯᠭᠠᠵᠤ ᠪᠠᠢᠪᠠ᠃ ᠵᠦᠩ ᠲᠦᠩ ᠦ᠋ᠨ ᠳᠥᠷᠪᠡᠳᠦᠭᠡᠷ ᠣᠨ(1263 ᠣᠨ) ᠤ᠋ ᠲᠠᠪᠤᠳᠤᠭᠠᠷ ᠰᠠᠷ᠎ᠠ ᠳ᠋ᠤ᠌ ᠬᠤᠪᠢᠯᠠᠢ ᠵᠠᠷᠯᠢᠭ ᠪᠠᠭᠤᠯᠭᠠᠨ ᠭᠡᠢᠪᠤᠩ ᠢ᠋ ᠠᠯᠪᠠᠨ ᠶᠣᠰᠣᠭᠠᠷ 《ᠳᠡᠭᠡᠳᠦ ᠨᠡᠢᠰᠯᠡᠯ》( ᠱᠠᠩᠳᠤ) ᠡᠷᠭᠦᠮᠵᠢᠯᠡᠨ ᠨᠡᠷᠡᠢᠳᠬᠦ ᠪᠡᠷ ᠲᠣᠭᠲᠠᠭᠠᠵᠠᠢ᠃ ᠳᠠᠷᠠᠭ᠎ᠠ ᠵᠢᠯ ᠦ᠋ᠨ ᠬᠢᠨᠢ ᠨᠠᠢ᠍ᠮᠠᠳᠤᠭᠠᠷ ᠰᠠᠷ᠎ᠠ ᠳ᠋ᠤ᠌ ᠶᠠᠨ ᠵᠢᠩ ᠢ᠋ ᠪᠠᠰᠠ ᠳᠤᠮᠳᠠᠳᠤ ᠨᠡᠢᠰᠯᠡᠯ ᠵᠥᠩᠲᠦ ᠭᠡᠮᠡᠨ ᠬᠠᠯᠠᠯ᠎ᠠ᠃ ᠭᠡᠢᠪᠤᠩ ᠪᠠᠯᠭᠠᠳ ᠢ᠋ ᠳᠡᠭᠡᠳᠦ ᠨᠡᠢᠰᠯᠡᠯ ᠨᠡᠷᠡᠢᠳᠴᠦ ᠬᠢᠲᠠᠳ ᠢ᠋ᠶ᠋ᠠᠷ ᠱᠠᠩ ᠳᠦ ᠬᠡᠮᠡᠬᠦ ᠲᠤᠯᠠ ᠥᠨᠢ ᠤᠳᠠᠭᠠᠨ ᠳ᠋ᠠᠭᠠᠨ ᠮᠣᠩᠭᠣᠯᠵᠢᠭᠤ ᠨᠡᠷ᠎ᠡ ᠱᠠᠩᠳᠤ ᠪᠣᠯᠵᠤ ᠤᠯᠠᠷᠢᠭᠰᠠᠨ ᠶᠤᠮ᠃ ᠤᠤᠯ ᠤ᠋ᠨ ᠣᠯᠠᠨ ᠭᠣᠣᠯ ᠢ᠋ ᠴᠦ᠍ ᠳᠡᠭᠡᠳᠦ ᠨᠡᠢᠰᠯᠡᠯ ᠦ᠋ᠨ ᠭᠣᠣᠯ᠂ ᠱᠠᠩᠳᠤ ᠶ᠋ᠢᠨ ᠭᠣᠣᠯ ᠭᠡᠮᠡᠨ ᠨᠠᠷᠠᠯᠠᠨ ᠳᠠᠭᠤᠳᠠᠭᠰᠠᠨ ᠶᠤᠮ᠃
ᡁᠢ ᠶᠤᠸᠠᠨ ᠤ᠋ ᠨᠠᠢ᠍ᠮᠠᠳᠤᠭᠠᠷ ᠣᠨ(1271 ᠣᠨ) ᠳ᠋ᠤ᠌ ᠬᠤᠪᠢᠯᠠᠢ᠂ ᠶᠡᠬᠡ ᠮᠣᠩᠭᠣᠯ ᠤᠯᠤᠰ ᠤ᠋ᠨ ᠨᠡᠷ᠎ᠡ ᠪᠡᠨ《ᠶᠡᠬᠡ ᠶᠤᠸᠠᠨ ᠤᠯᠤᠰ》 ᠭᠡᠮᠡᠨ ᠬᠠᠯᠠᠵᠤ ᠳᠤᠮᠳᠠᠳᠤ ᠤᠯᠤᠰ ᠢ᠋ ᠨᠢᠭᠡᠳᠬᠡᠨ ᠨᠣᠶᠠᠷᠬᠠᠭᠰᠠᠨ ᠬᠠᠭᠠᠨ ᠪᠣᠯᠤᠭᠰᠠᠨ ᠢ᠋ᠶ᠋ᠠᠨ ᠲᠤᠩᠬᠠᠭᠯᠠᠭᠰᠠᠨ ᠪᠢᠯᠡ᠃ ᡁᠢ ᠶᠤᠸᠠᠨ ᠤ᠋ ᠶᠢᠰᠦᠳᠦᠭᠡᠷ ᠣᠨ(1272 ᠣᠨ) ᠤ᠋ ᠬᠣᠶᠠᠳᠤᠭᠠᠷ ᠰᠠᠷ᠎ᠠ ᠳ᠋ᠤ᠌ ᠵᠥᠩᠲᠦ ᠶ᠋ᠢ ᠶᠡᠬᠡ ᠨᠡᠢᠰᠯᠡᠯ ᠳᠠᠢᠳᠤ ᠪᠡᠭᠡᠵᠢᠩ ᠨᠡᠷᠡᠢᠳᠦᠭᠡᠳ ᠠᠯᠪᠠᠨ ᠶᠣᠰᠣᠭᠠᠷ ᠬᠣᠶᠠᠷ ᠨᠡᠢᠰᠯᠡᠯ ᠦ᠋ᠨ ᠳᠦᠷᠢᠮ ᠢ᠋ ᠬᠡᠷᠡᠭᠵᠢᠭᠦᠯᠪᠡ᠃ ᠳᠡᠭᠡᠳᠦ ᠨᠡᠢᠰᠯᠡᠯ ᠱᠠᠩᠳᠤ ᠶ᠋ᠢᠨ ᠨᠡᠷ᠎ᠡ ᠶ᠋ᠢ ᠥᠭᠡᠷᠡᠴᠢᠯᠡᠭᠰᠡᠨ ᠦᠭᠡᠢ᠂《ᠳᠠᠭᠠᠯᠲᠠ ᠨᠡᠢᠰᠯᠡᠯ》 ᠭᠡᠮᠡᠨ ᠲᠣᠳᠣᠷᠬᠠᠢᠯᠠᠭᠰᠠᠨ ᠴᠤ᠌ ᠦᠭᠡᠢ᠃ ᠬᠠᠷᠢᠨ ᠠᠶᠠᠨᠳᠠᠭᠠᠨ ᠵᠤᠨ ᠤ᠋ ᠵᠤᠰᠠᠬᠤ ᠨᠡᠢᠰᠯᠡᠯ ᠪᠣᠯᠪᠠ᠃ ᠮᠥᠨ ᠴᠦ᠍ ᠵᠠᠭᠤᠭᠠᠳ ᠵᠢᠯ ᠦ᠋ᠨ ᠲᠤᠷᠰᠢ ᠶᠡᠬᠡ ᠶᠤᠸᠠᠨ ᠤᠯᠤᠰ ᠤ᠋ᠨ ᠬᠠᠭᠠᠳ ᠡᠵᠡᠳ ᠵᠢᠯ ᠪᠦᠷᠢ ᠠᠯᠳᠠᠯ ᠦᠭᠡᠢ ᠢᠷᠡᠵᠦ ᠵᠤᠰᠠᠵᠤ ᠵᠠᠰᠠᠭᠯᠠᠳᠠᠭ ᠰᠡᠷᠢᠭᠦᠨ ᠣᠷᠳᠣᠨ ᠨᠡᠢᠰᠯᠡᠯ ᠪᠣᠯᠤᠭᠰᠠᠨ ᠪᠢᠯᠡ᠃
ᠶᠤᠸᠠᠨ ᠤᠯᠤᠰ ᠠ᠋ᠴᠠ ᠬᠣᠢᠰᠢ ᠶᠤᠸᠠᠨ ᠤᠯᠤᠰ ᠤ᠋ᠨ ᠲᠡᠦᠬᠡ ᠶ᠋ᠢ ᠪᠢᠴᠢᠭᠰᠡᠳ᠂ᠰᠤᠳᠤᠯᠤᠭᠰᠠᠳ ᠱᠠᠩᠳᠤ ᠨᠡᠢᠰᠯᠡᠯ ᠢ᠋ ᠪᠢᠴᠢᠬᠦ ᠳ᠋ᠡᠭᠡᠨ ᠵᠠᠪᠠᠯ《ᠳᠠᠭᠠᠯᠲᠠ ᠨᠡᠢᠰᠯᠡᠯ》᠂《ᠳᠡᠳ᠋ ᠨᠡᠢᠰᠯᠡᠯ》᠂《ᠵᠤᠨ ᠤ᠋ ᠵᠤᠰᠠᠯᠠᠩ 》ᠬᠡᠮᠡᠬᠦ ᠲᠠᠢᠯᠪᠤᠷᠢ ᠬᠠᠲᠠᠵᠤ ᠲᠡᠭᠦᠨ ᠦ᠌ ᠲᠡᠦᠬᠡᠨ ᠦᠨᠡᠨ᠂ ᠲᠡᠦᠬᠡᠨ ᠪᠠᠢᠷᠢ ᠰᠠᠭᠤᠷᠢ ᠶ᠋ᠢ ᠭᠠᠵᠢᠭᠤᠳᠠᠭᠤᠯᠳᠠᠭ ᠪᠣᠯᠪᠠ᠃ ᠪᠤᠷᠤᠭᠤ ᠶᠠᠭᠤᠮ᠎ᠠ ᠶ᠋ᠢ ᠣᠯᠠᠨ ᠬᠡᠯᠡᠵᠦ ᠤᠬᠠᠭᠠᠯᠠᠪᠠᠯ ᠣᠨ ᠤᠳᠠᠭᠠᠨ ᠳ᠋ᠠᠭᠠᠨ ᠦᠨᠡᠨ ᠦ᠌ ᠲᠥᠷᠬᠦ ᠲᠡᠢ ᠪᠣᠯᠳᠠᠭ ᠪᠠᠢᠵᠠᠢ ᠰᠢᠦ! ᠱᠠᠩᠳᠤ ᠬᠣᠲᠠ ᠶ᠋ᠢ ᠮᠣᠩᠭᠣᠯ ᠬᠥᠮᠦᠨ ᠬᠠᠯᠠᠭᠤᠨ ᠠ᠋ᠴᠠ ᠵᠠᠢᠯᠠᠬᠤ ᠳ᠋ᠠᠭᠠᠨ ᠪᠠᠷᠢᠭᠰᠠᠨ ᠰᠡᠷᠢᠭᠦᠨ ᠣᠷᠳᠣᠨ ᠵᠤᠨ ᠤ᠋ ᠵᠤᠰᠠᠯᠠᠩ ᠬᠢᠬᠦ ᠳ᠋ᠦ᠍ ᠪᠠᠷᠤᠭ ᠪᠦᠬᠦᠨ ᠢ᠋ᠶ᠋ᠡᠷ ᠢ᠋ᠶ᠋ᠡᠨ ᠦᠨᠡᠮᠰᠢᠬᠦ ᠳ᠋ᠦ᠍ ᠬᠦᠷᠴᠡᠢ᠃ ᠬᠣᠶᠠᠷ ᠨᠡᠢᠰᠯᠡᠯ ᠦ᠋ᠨ ᠳᠦᠷᠢᠮ ᠬᠡᠷᠡᠭᠵᠢᠭᠦᠯᠵᠦ ᠪᠠᠢᠵᠤ ᠭᠡᠬᠦ ᠳ᠋ᠦ᠍ ᠡᠷᠡᠭᠡᠯᠵᠡᠨ ᠰᠡᠵᠢᠭᠯᠡᠵᠦ᠂ ᠴᠢᠨᠠᠭᠰᠢᠳᠠ ᠬᠤᠳᠠᠯ ᠭᠡᠬᠦ ᠳ᠋ᠦᠩᠨᠡᠯᠲᠡ ᠥᠭᠬᠦ ᠳ᠋ᠦ᠍ ᠪᠡᠯᠡᠬᠡᠨ ᠪᠠᠢᠭ᠎ᠠ ᠨᠢ ᠣᠯᠠᠨᠲᠠᠢ᠃ ᠡᠪᠦᠯ ᠦ᠋ᠨ ᠣᠷᠳᠣᠨ᠂ ᠵᠤᠨ ᠤ᠋ ᠣᠷᠳᠣᠨ ᠢ᠋ ᠵᠠᠪᠠᠯ ᠳᠡᠳ᠋ ᠲᠡᠷᠢᠭᠦᠨ ᠦ᠌ ᠪᠠᠢᠷᠢ ᠳ᠋ᠤ᠌ ᠲᠠᠯᠪᠢᠬᠤ ᠨᠢ ᠮᠣᠩᠭᠣᠯᠴᠤᠳ ᠤ᠋ᠨ ᠠᠵᠤ ᠠᠬᠤᠢ᠂ ᠠᠮᠢᠳᠤᠷᠠᠯ᠂ ᠵᠠᠩ ᠳᠠᠳᠬᠠᠯ ᠢ᠋ ᠰᠠᠢᠨ ᠮᠡᠳᠡᠳᠡᠭ ᠦᠭᠡᠢ ᠶ᠋ᠢᠨ ᠨᠢᠭᠡᠨ ᠭᠡᠷᠡᠴᠢ ᠭᠡᠬᠦ ᠳ᠋ᠦ᠍ ᠠᠬᠠᠳᠠᠬᠤ ᠦᠭᠡᠢ ᠪᠢᠵᠡ᠃
ᠨᠢᠭᠡᠨ ᠦᠶ᠎ᠡ ᠮᠣᠩᠭᠣᠯ ᠤᠭᠰᠠᠭᠠᠲᠠᠨ ᠤ᠋ ᠵᠢᠷᠦᠬᠡ ᠪᠣᠯᠤᠨ ᠴᠣᠬᠢᠯᠠᠵᠤ ᠳᠡᠯᠡᠬᠡᠢ ᠳ᠋ᠠᠬᠢᠨ᠎ᠠ ᠠᠯᠳᠠᠷᠰᠢᠵᠤ᠂ ᠭᠠᠢᠬᠠᠮᠰᠢᠭ ᠰᠠᠢᠬᠠᠨ ᠣᠷᠣᠨ ᠤ᠋ ᠨᠢᠭᠡ ᠪᠣᠯᠵᠤ ᠪᠠᠢᠭᠰᠠᠨ ᠳᠡᠭᠡᠳᠦ ᠨᠡᠢᠰᠯᠡᠯ ᠱᠠᠩᠳᠤ ᠪᠠᠯᠭᠠᠳ ᠨᠢ ᠭᠠᠳᠠᠭᠠᠳᠤ ᠳᠣᠲᠣᠭᠠᠳᠤ ᠶ᠋ᠢᠨ ᠠᠯᠢ ᠣᠯᠠᠨ ᠡᠷᠳᠡᠮᠲᠡᠨ ᠮᠡᠷᠭᠡᠳ ᠦ᠋ᠨ ᠡᠮᠬᠢᠳᠬᠡᠨ ᠪᠢᠴᠢᠭᠰᠡᠨ ᠰᠤᠷᠪᠤᠯᠵᠢ ᠲᠡᠦᠬᠡ ᠰᠤᠳᠤᠷ ᠲᠤ᠌ ᠱᠠᠩᠳᠤ ᠠᠯᠳᠠᠷ ᠰᠠᠢᠬᠠᠨ ᠨᠡᠷ᠎ᠡ ᠪᠡᠨ ᠳᠠᠭᠤᠷᠢᠰᠬᠠᠨ᠂ ᠲᠡᠦᠬᠡᠨ ᠳ᠋ᠦ᠍ ᠤᠯᠠ ᠮᠥᠷ ᠢ᠋ᠶ᠋ᠡᠨ ᠦᠯᠡᠳᠡᠭᠡᠭᠰᠡᠨ ᠢ᠋ᠶ᠋ᠡᠷ ᠪᠠᠷᠠᠬᠤ ᠦᠭᠡᠢ ᠮᠣᠩᠭᠣᠯ ᠲᠡᠦᠬᠡᠴᠢᠳ ᠦ᠋ᠨ ᠦᠶ᠎ᠡ ᠤᠯᠠᠮᠵᠢᠯᠠᠨ ᠴᠤᠭᠯᠠᠭᠤᠯᠤᠨ ᠲᠡᠮᠳᠡᠭᠯᠡᠭᠰᠡᠨ ᠱᠠᠰᠲᠢᠷ ᠲᠡᠦᠬᠡᠨ ᠳ᠋ᠦ᠍ ᠴᠦ᠍ ᠠᠯᠲᠠᠨ ᠬᠠᠭᠤᠳᠠᠰᠤ ᠡᠵᠡᠯᠡᠨ᠂ ᠠᠯᠳᠠᠷ ᠨᠡᠷ᠎ᠡ ᠪᠡᠨ ᠦᠯᠡᠳᠡᠭᠡᠭᠰᠡᠨ ᠪᠢᠯᠡ᠃《ᠠᠷᠪᠠᠨ ᠪᠤᠶᠠᠨᠲᠤ ᠨᠣᠮ ᠤ᠋ᠨ ᠴᠠᠭᠠᠨ ᠲᠡᠦᠬᠡ 》 ᠳ᠋ᠦ᠍《ᠵᠠᠭᠤᠨ ᠨᠠᠢ᠍ᠮᠠᠨ ᠰᠦᠮ᠎ᠡ》᠂《ᠡᠷᠲᠡᠨ ᠦ᠌ ᠮᠣᠩᠭᠣᠯ ᠤ᠋ᠨ ᠬᠠᠳ ᠤ᠋ᠨ ᠦᠨᠳᠦᠰᠦᠨ ᠦ᠌ ᠶᠡᠬᠡ ᠰᠢᠷ᠎ᠠ ᠲᠣᠭᠣᠵᠢ》 ᠳ᠋ᠤ᠌ 《ᠱᠠᠩᠳᠤ ᠭᠡᠢᠪᠤᠩ ᠬᠦᠷᠳᠦ ᠪᠠᠯᠭᠠᠰᠤᠨ》᠂《ᠠᠯᠲᠠᠨ ᠬᠦᠷᠳᠦᠨ ᠮᠢᠩᠭᠠᠨ ᠬᠡᠭᠡᠰᠦᠲᠦ》 ᠳ᠋ᠦ᠍《ᠰᠠᠩᠲᠤ ᠬᠣᠲᠠ》᠂《ᠭᠠᠩᠭ᠎ᠠ ᠶ᠋ᠢᠨ ᠤᠷᠤᠰᠬᠠᠯ》 ᠳ᠋ᠤ᠌《ᠱᠠᠩᠳᠤ ᠬᠣᠲᠠ》᠂《ᠠᠯᠲᠠᠨ ᠡᠷᠢᠭᠡ》 ᠳ᠋ᠦ᠍《ᠱᠠᠩᠳᠤ ᠬᠣᠲᠠ》᠂ ᠯᠣᠪᠰᠠᠩᠳᠠᠨᠵᠢᠨ ᠤ᠋ 《ᠠᠯᠲᠠᠨ ᠲᠣᠪᠴᠢ》 ᠳ᠋ᠤ᠌《ᠬᠦᠷᠳᠦ ᠰᠠᠩᠲᠤ》᠂ ᠰᠠᠨᠠᠭᠠᠨ ᠰᠡᠴᠡᠨ ᠦ᠌《ᠡᠷᠳᠡᠨᠢ ᠶ᠋ᠢᠨ ᠲᠣᠪᠴᠢ》 ᠳ᠋ᠤ᠌《ᠵᠤᠨ ᠤ᠋ ᠵᠤᠰᠠᠯᠠᠩ ᠱᠠᠩᠳᠤ ᠭᠡᠢᠪᠤᠩ ᠬᠦᠷᠳᠦ ᠪᠠᠯᠭᠠᠰᠤᠨ》᠂ ᠵᠢᠮᠪᠠᠳᠣᠷᠵᠢ ᠶ᠋ᠢᠨ《ᠪᠣᠯᠣᠷ ᠲᠣᠯᠢ》 ᠳ᠋ᠤ᠌《ᠬᠦᠷᠢᠶ᠎ᠡ ᠬᠣᠲᠠ》᠂ ᠵᠠᠷᠢᠮ ᠲᠡᠦᠬᠡᠨ ᠮᠠᠲ᠋ᠧᠷᠢᠶᠠᠯ ᠳ᠋ᠤ᠌ 《ᠬᠦᠷ᠎ᠡ ᠬᠣᠲᠠ》 ᠬᠡᠮᠡᠪᠡ᠃
ᠶᠤᠸᠠᠨ ᠤᠯᠤᠰ ᠤ᠋ᠨ ᠦᠶᠡᠰ ᠳᠡᠭᠡᠳᠦ ᠨᠡᠢᠰᠯᠡᠯ ᠱᠠᠩᠳᠤ ᠪᠠᠯᠭᠠᠳ ᠢ᠋ ᠨᠤᠲᠤᠭ ᠤ᠋ᠨ ᠮᠣᠩᠭᠣᠯᠴᠤᠳ ᠨᠢ 《ᠵᠣᠣ ᠨᠠᠢ᠍ᠮᠠᠨ ᠰᠦᠮ᠎ᠡ ᠪᠤᠶᠤ ᠬᠦᠷᠢᠶᠡᠲᠦ ᠪᠠᠯᠭᠠᠰᠤᠨ》 ᠭᠡᠵᠦ ᠨᠡᠷᠡᠯᠡᠨ ᠳᠠᠭᠤᠳᠠᠳᠠᠭ ᠪᠠᠢᠭᠰᠠᠨ ᠭᠡᠮᠡᠨ ᠬᠢᠲᠠᠳ ᠰᠤᠷᠪᠤᠯᠵᠢ ᠲᠡᠦᠬᠡ ᠰᠤᠳᠤᠷ ᠲᠤ᠌ ᠣᠯᠠᠨᠲᠠ ᠲᠡᠮᠳᠡᠭᠯᠡᠭᠰᠡᠨ ᠶᠤᠮ᠃ ᠲᠤᠬᠠᠢ ᠶ᠋ᠢᠨ ᠦᠶᠡᠰ ᠱᠠᠩᠳᠤ ᠪᠠᠯᠭᠠᠳ ᠨᠢ ᠥᠨᠳᠥᠷ ᠬᠡᠷᠡᠮ᠂ ᠥᠷᠭᠡᠨ ᠰᠤᠪᠠᠭ ᠢ᠋ᠶ᠋ᠠᠷ ᠬᠦᠷᠢᠶᠡᠯᠡᠭᠳᠡᠵᠦ ᠪᠠᠢᠭᠰᠠᠨ ᠨᠢ ᠢᠯᠡᠳᠲᠡ ᠲᠣᠳᠣ᠃ ᠣᠳᠣ ᠪᠠᠰᠠ ᠬᠦᠷᠢᠶ᠎ᠡ ᠬᠡᠷᠡᠮ ᠨᠢ ᠪᠣᠷᠣ ᠨᠢᠷᠤᠭᠤ ᠪᠣᠯᠤᠨ ᠭᠦᠷᠪᠡᠢᠵᠦ ᠤᠰᠤᠨ ᠰᠤᠪᠠᠭ ᠨᠢ ᠬᠡᠰᠡᠭ ᠬᠡᠰᠡᠭ ᠲᠠᠰᠤᠷᠠᠨ ᠬᠠᠷᠠᠭᠳᠠᠵᠤ ᠪᠠᠢᠨ᠎ᠠ᠃ᠲᠡᠢᠮᠦ ᠡᠴᠡ《ᠬᠦᠷᠢᠶᠡᠲᠦ( ᠬᠦᠷ᠎ᠡ᠂ᠬᠦᠷᠢᠶ᠎ᠡ᠂ ᠬᠦᠷᠳᠦ) ᠪᠠᠯᠭᠠᠰᠤᠨ》 ᠭᠡᠮᠡᠨ ᠳᠠᠭᠤᠳᠠᠳᠠᠭ ᠪᠠᠢᠭᠰᠠᠨ ᠨᠢ ᠭᠠᠷᠴᠠᠭ᠎ᠠ ᠦᠭᠡᠢ ᠦᠨᠡᠨ ᠶᠤᠮ᠃ ᠬᠠᠷᠢᠨ《ᠵᠠᠭᠤ ᠨᠠᠢ᠍ᠮᠠᠨ ᠰᠦᠮ᠎ᠡ》 ᠭᠡᠬᠦ ᠨᠡᠷᠡᠯᠡᠯ ᠳᠠᠭᠤᠳᠠᠯᠭ᠎ᠠ ᠶ᠋ᠢ ᠠᠩᠬᠠᠷᠤᠨ ᠰᠤᠳᠤᠯᠤᠭᠤᠰᠢᠲᠠᠢ ᠪᠢᠯᠡ᠃ ᠬᠤᠪᠢᠯᠠᠢ ᠬᠠᠭᠠᠨ ᠬᠡᠳᠦᠢ ᠪᠡᠷ ᠲᠥᠷᠥ ᠱᠠᠰᠢᠨ ᠢ᠋ ᠲᠡᠭᠰᠢ ᠪᠠᠷᠢᠵᠤ ᠪᠠᠢᠭᠰᠠᠨ ᠪᠣᠯᠪᠠᠴᠤ ᠵᠠᠭᠤ ᠪᠥᠭᠡᠳ ᠨᠠᠢ᠍ᠮᠠᠨ ᠰᠦᠮ᠎ᠡ ᠪᠠᠢᠭᠤᠯᠤᠭᠠᠳᠤᠢ ᠨᠢ ᠯᠠᠪᠲᠠᠢ ᠶᠤᠮ᠃ ᠪᠦᠬᠦᠢ ᠯᠡ ᠶᠡᠬᠡ ᠶᠤᠸᠠᠨ ᠤᠯᠤᠰ ᠤ᠋ᠨ ᠨᠣᠶᠠᠷᠬᠠᠯ ᠤ᠋ᠨ ᠬᠤᠭᠤᠴᠠᠭᠠᠨ ᠳ᠋ᠤ᠌ ᠴᠤ᠌ ᠲᠡᠢᠮᠦ ᠠᠷᠪᠢᠨ ᠰᠦᠮ᠎ᠡ ᠪᠠᠢᠭᠤᠯᠬᠤ ᠠᠵᠤ ᠠᠬᠤᠢ ᠬᠥᠷᠥᠩᠭᠡ ᠮᠥᠩᠭᠥ ᠶ᠋ᠢᠨ ᠬᠦᠴᠦᠨ᠂ ᠴᠠᠭ ᠪᠣᠯᠤᠯᠴᠠᠭ᠎ᠠ᠂ ᠪᠠᠷᠢᠵᠤ ᠭᠠᠷᠭᠠᠬᠤ ᠬᠤᠷᠳᠤᠴᠠ ᠪᠠᠢᠵᠤ ᠴᠢᠳᠠᠬᠤ ᠦᠭᠡᠢ ᠨᠢ ᠦᠵᠡᠲᠡᠯ᠎ᠡ ᠢᠯᠡᠬᠡᠨ ᠪᠢᠯᠡ᠃ ᠬᠠᠷᠢᠨ ᠶᠤᠸᠠᠨ ᠤᠯᠤᠰ ᠤ᠋ᠨ ᠲᠡᠦᠬᠡ ᠶ᠋ᠢᠨ ᠲᠠᠬᠢᠯᠭ᠎ᠠ ᠳᠠᠢᠯᠭ᠎ᠠ ᠶ᠋ᠢᠨ ᠲᠡᠮᠳᠡᠭᠯᠡᠯ ᠳ᠋ᠦ᠍ ᠲᠡᠮᠳᠡᠭᠯᠡᠭᠰᠡᠨ ᠢ᠋ ᠦᠨᠳᠦᠰᠦᠯᠡᠪᠡᠯ ᠬᠤᠪᠢᠯᠠᠢ ᠰᠡᠴᠡᠨ ᠬᠠᠭᠠᠨ ᠤ᠋ ᡁᠢ ᠶᠤᠸᠠᠨ ᠤ᠋ ᠭᠤᠷᠪᠠᠳᠤᠭᠠᠷ ᠣᠨ ᠳ᠋ᠤ᠌ ᠵᠠᠰᠠᠭ ᠢ᠋ ᠰᠢᠢᠳᠬᠡᠬᠦ ᠶᠡᠬᠡ ᠲᠦᠰᠢᠮᠡᠯ ᠵᠣᠣ ᠪᠧᠢ ᠨᠠᠷ ᠬᠤᠪᠢᠯᠠᠢ ᠬᠠᠭᠠᠨ ᠤ᠋ ᠵᠠᠷᠯᠢᠭ ᠢ᠋ᠶ᠋ᠠᠷ ᠶᠠᠷᠢᠯᠴᠠᠨ ᠵᠥᠪᠯᠡᠵᠦ ᠨᠡᠬᠡᠮᠵᠢᠯᠡᠨ ᠡᠷᠭᠦᠮᠵᠢᠯᠡᠬᠦ ᠲᠩᠷᠢᠯᠢᠭ ᠳᠡᠭᠡᠳᠦᠰ ᠦ᠋ᠨ ᠰᠦᠮ᠎ᠡ ᠶ᠋ᠢᠨ ᠴᠣᠯᠠ ᠶ᠋ᠢ《ᠨᠠᠢ᠍ᠮᠠᠨ ᠰᠦᠮ᠎ᠡ》 ᠪᠡᠷ ᠲᠣᠭᠲᠠᠭᠠᠨ《ᠲᠩᠷᠢᠯᠢᠭ ᠢᠵᠠᠭᠤᠷᠲᠤ ᠳᠡᠭᠡᠳᠦᠰ ᠡᠰᠢ ᠬᠠᠭᠠᠨ ᠶᠢᠰᠦᠭᠡᠢ ᠪᠠᠭᠠᠲᠤᠷ ᠪᠣᠯᠤᠨ ᠰᠢᠦᠸᠠᠨ ᠶᠢ ᠬᠠᠲᠤᠨ ᠥᠭᠡᠯᠦᠨ ᠡᠬᠡ ᠶ᠋ᠢ ᠲᠡᠬᠢᠬᠤ ᠲᠡᠷᠢᠭᠦᠨ ᠰᠦᠮ᠎ᠡ᠂ ᠪᠣᠭᠳᠠ ᠪᠠᠭᠠᠲᠤᠷ ᠲᠠᠢᠽᠦ ᠴᠢᠩᠭᠢᠰ ᠬᠠᠭᠠᠨ ᠪᠣᠯᠤᠨ ᠭᠡᠭᠡᠨ ᠢᠪᠡᠭᠡᠯᠲᠦ ᠬᠠᠲᠤᠨ ᠪᠥᠷᠲᠡ ᠥᠵᠢᠨ ᠢ᠋ ᠲᠡᠬᠢᠬᠤ ᠳᠡᠳ᠋ ᠰᠦᠮ᠎ᠡ᠂ ᠪᠠᠭᠠᠲᠤᠷ ᠮᠡᠷᠭᠡᠨ ᠲᠠᠢᠼᠥ᠋ᠩ ᠡᠷᠳᠡᠮᠲᠦ ᠭᠡᠭᠡᠨ ᠬᠠᠭᠠᠨ ᠥᠭᠡᠳᠡᠢ ᠪᠣᠯᠤᠨ ᠵᠣᠣ ᠰᠧ ᠬᠤᠸᠠᠩᠬᠡᠦ ᠬᠠᠲᠤᠨ ᠲᠦᠷᠬᠢᠨ᠎ᠡ ᠶ᠋ᠢ ᠲᠡᠬᠢᠬᠤ ᠭᠤᠲᠠᠭᠠᠷ ᠰᠦᠮ᠎ᠡ᠂ ᠬᠠᠭᠠᠨ ᠤ᠋ ᠶᠡᠬᠡ ᠠᠪᠠᠭ᠎ᠠ ᠵᠥᠴᠢ ᠪᠣᠯᠤᠨ ᠲᠡᠭᠦᠨ ᠦ᠌ ᠬᠠᠲᠤᠨ ᠪᠸᠳᠡᠴᠤᠮᠢᠰᠢ ᠶ᠋ᠢ ᠲᠡᠬᠢᠬᠤ ᠳᠥᠲᠥᠭᠡᠷ ᠰᠦᠮ᠎ᠡ᠂ ᠬᠠᠭᠠᠨ ᠤ᠋ ᠶᠡᠬᠡ ᠠᠪᠠᠭ᠎ᠠ ᠴᠠᠭᠠᠲᠠᠢ ᠪᠣᠯᠤᠨ ᠲᠡᠭᠦᠨ ᠦ᠌ ᠬᠠᠲᠤᠨ ᠶᠢᠰᠦᠯᠦᠨ ᠢ᠋ ᠲᠡᠬᠢᠬᠤᠲᠠᠪᠤᠳᠤᠭᠠᠷ ᠰᠦᠮ᠎ᠡ᠂ᠲᠥᠷᠥ ᠵᠠᠬᠢᠷᠤᠭᠴᠢ ᠷᠦᠢᠼᠤᠢ᠍ᠩ ᠵᠢᠩᠰᠢᠶᠠᠨ ᠬᠤᠸᠠᠩᠳᠢ ᠲᠤᠯᠤᠢ ᠡᠵᠡᠨ ᠪᠣᠯᠤᠨ ᠲᠡᠭᠦᠨ ᠦ᠌ ᠬᠠᠲᠤᠨ ᠵᠤᠸᠠᠩ ᠱᠧᠩ ᠬᠤᠸᠠᠩᠬᠡᠦ ᠰᠤᠷᠬᠠᠭᠳᠠᠨᠢ ᠪᠡᠬᠢ ᠬᠠᠲᠤᠨ ᠢ᠋ ᠲᠡᠬᠢᠬᠤ ᠵᠢᠷᠭᠤᠳᠤᠭᠠᠷ ᠰᠦᠮ᠎ᠡ᠂ ᠳ᠋ᠢᠩᠽᠦ᠋ᠩ ᠵᠢᠶᠠᠨᠫᠢᠩ ᠬᠤᠸᠠᠩᠲᠠᠢ ᠭᠦᠶᠦᠭ ᠬᠠᠭᠠᠨ ᠪᠣᠯᠤᠨ ᠲᠡᠭᠦᠨ ᠦ᠌ ᠬᠠᠲᠤᠨ ᠴᠢᠨᠱᠤ ᠬᠤᠸᠠᠩᠬᠡᠦ ᠶᠢ ᠲᠡᠬᠢᠬᠤ ᠳᠣᠯᠣᠳᠤᠭᠠᠷ ᠰᠦᠮ᠎ᠡ᠂ ᠠᠰᠠᠷᠠᠯ ᠥᠭᠯᠢᠭᠡᠴᠢ ᠭᠡᠭᠡᠨ ᠡᠯᠪᠡᠷᠢᠯᠲᠦ ᠰᠢᠶᠠᠨᠽᠦ᠋ᠩ ᠬᠤᠸᠠᠩᠬᠡᠦ ᠬᠤᠸᠠᠩᠲᠠᠢ ᠮᠥᠩᠬᠡ ᠬᠠᠭᠠᠨ ᠪᠣᠯᠤᠨ ᠲᠡᠭᠦᠨ ᠦ᠌ ᠬᠠᠲᠤᠨ ᠵᠸᠨ ᠵᠢᠶᠧ ᠬᠤᠲᠤᠭᠲᠠᠢ ᠶ᠋ᠢ ᠲᠡᠬᠢᠬᠤ ᠨᠠᠢ᠍ᠮᠠᠳᠤᠭᠠᠷ ᠰᠦᠮ᠎ᠡ》 ᠭᠡᠮᠡᠨ ᠬᠤᠪᠢᠶᠠᠷᠢᠯᠠᠨ ᠳ᠋ᠤᠭᠠᠷᠯᠠᠵᠤ ᠡᠷᠭᠦᠮᠵᠢᠯᠡᠨ ᠨᠡᠷᠡᠯᠡᠵᠡᠢ᠃ ᠡᠨᠡ ᠨᠢ ᠬᠤᠪᠢᠯᠠᠢ ᠰᠡᠴᠡᠨ ᠬᠠᠭᠠᠨ ᠠ᠋ᠴᠠ ᠡᠮᠦᠨᠡᠬᠢ ᠦᠶ᠎ᠡ ᠶ᠋ᠢᠨ ᠮᠣᠩᠭᠣᠯ ᠤ᠋ᠨ ᠳᠥᠷᠪᠡᠨ ᠶᠡᠬᠡ ᠬᠠᠭᠠᠨ ᠪᠠ ᠡᠪᠦᠭᠡ ᠳᠡᠭᠡᠳᠦᠰ ᠢ᠋ᠶ᠋ᠡᠨ ᠨᠡᠬᠡᠮᠵᠢᠯᠡᠨ ᠡᠷᠭᠦᠮᠵᠢᠯᠡᠭᠰᠡᠨ ᠰᠦᠮ᠎ᠡ ᠶ᠋ᠢᠨ ᠴᠣᠯᠠ ᠪᠣᠯᠬᠤ ᠪᠥᠭᠡᠳ ᠳᠠᠢᠳᠤ ᠪᠡᠭᠡᠵᠢᠩ ᠳ᠋ᠦ᠍ ᠨᠡᠢᠰᠯᠡᠯᠬᠦ ᠡᠴᠡ ᠡᠮᠦᠨ᠎ᠡ᠂ ᠭᠡᠢᠪᠤᠩ ᠪᠠᠯᠭᠠᠳ ᠱᠠᠩᠳᠤ ᠪᠠᠷ ᠶᠡᠬᠡ ᠮᠣᠩᠭᠣᠯ ᠤ᠋ᠨ ᠬᠠᠭᠠᠨ ᠤ᠋ ᠨᠡᠢᠰᠯᠡᠯ ᠪᠣᠯᠭᠠᠵᠤ ᠪᠠᠢᠭᠰᠠᠨ ᠦᠶ᠎ᠡ ᠶ᠋ᠢᠨ ᠬᠡᠷᠡᠭ ᠶᠤᠮ᠃ ᠡᠢᠮᠦ ᠡᠴᠡ ᠭᠡᠢᠪᠤᠩ ᠱᠠᠩᠳᠤ ᠪᠠᠯᠭᠠᠳ ᠢ᠋ ᠲᠤᠬᠠᠢ ᠶ᠋ᠢᠨ ᠦᠶᠡᠰ ᠡᠷᠭᠦᠮᠵᠢᠯᠡᠨ ᠬᠦᠨᠳᠦᠳᠬᠡᠵᠦ 《ᠰᠢᠲᠦᠭᠡᠨ ᠨᠠᠢ᠍ᠮᠠᠨ ᠰᠦᠮ᠎ᠡ》᠂ ᠡᠰᠡᠬᠦᠯ᠎ᠡ 《ᠵᠣᠣ ᠨᠠᠢ᠍ᠮᠠᠨ ᠰᠦᠮ᠎ᠡ》 ᠭᠡᠮᠡᠨ ᠨᠡᠷᠡᠯᠡᠨ ᠳᠠᠭᠤᠳᠠᠵᠤ ᠪᠠᠢᠭᠰᠠᠨ ᠨᠢ ᠮᠠᠭᠠᠳ ᠲᠠᠢ ᠪᠢᠯᠡ᠃ ᠢᠯᠠᠩᠭᠤᠶ᠎ᠠ ᠡᠷᠲᠡ ᠦᠶ᠎ᠡ ᠡᠴᠡ ᠠᠪᠤᠭᠠᠳ ᠮᠣᠩᠭᠣᠯᠴᠤᠳ ᠰᠦᠮ᠎ᠡ ᠬᠡᠢᠳ ᠦ᠋ᠨ ᠬᠢᠲᠠᠳ ᠳᠠᠭᠤᠳᠠᠯᠭ᠎ᠠ ᠵᠣᠣ(召) ᠶ᠋ᠢ ᠣᠷᠴᠢᠭᠤᠯᠤᠯ ᠦᠭᠡᠢ ᠪᠡᠷ ᠵᠢᠭᠡᠯᠡᠨ ᠬᠡᠷᠡᠭᠯᠡᠵᠦ ᠵᠠᠩᠰᠢᠭᠠᠳ ᠽᠠᠨᠳᠠᠨ ᠵᠣᠣ᠂ ᠶᠡᠬᠡ ᠵᠣᠣ᠂ ᠲᠣᠬᠣᠢ ᠵᠣᠣ᠂ ᠬᠢᠯᠪᠠᠷ ᠵᠣᠣ᠂ ᠰᠢᠷᠡᠭᠡᠲᠦ ᠵᠣᠣ᠂ ᠵᠣᠣ ᠤᠳᠠ ᠶ᠋ᠢᠨ ᠰᠦᠮ᠎ᠡ᠂ ᠵᠣᠣ ᠳ᠋ᠤ᠌ ᠮᠥᠷᠭᠥᠬᠦ᠂ ᠵᠣᠣ ᠳ᠋ᠤ᠌ ᠰᠠᠭᠤᠭᠰᠠᠨ ᠬᠠᠢᠷ᠎ᠠ ᠶ᠋ᠢᠨ ᠨᠡᠷ᠎ᠡ ᠭᠡᠬᠦ ᠮᠡᠲᠦ ᠪᠡᠷ ᠶᠠᠷᠢᠵᠤ ᠬᠡᠯᠡᠬᠦ ᠨᠢ ᠶᠡᠷᠦᠳᠡ ᠶ᠋ᠢᠨ ᠵᠠᠩᠰᠢᠯ ᠪᠣᠯᠵᠤ ᠲᠦᠭᠡᠮᠡᠯᠵᠢᠨ ᠳᠡᠯᠭᠡᠷᠡᠭᠡᠳ ᠡᠳᠦᠭᠡ ᠳ᠋ᠦ᠍ᠷ ᠬᠦᠷᠴᠦ ᠢᠷᠡᠭᠰᠡᠨ ᠪᠢᠯᠡ᠃ ᠲᠡᠢᠮᠦ ᠡᠴᠡ ᠲᠤᠬᠠᠢ ᠶ᠋ᠢᠨ ᠦᠶ᠎ᠡ ᠶ᠋ᠢᠨ ᠲᠠᠬᠢᠯᠭ᠎ᠠ ᠶ᠋ᠢᠨ ᠰᠢᠲᠦᠭᠡᠨ ᠣᠷᠳᠣᠨ ᠨᠠᠢ᠍ᠮᠠᠨ ᠶᠡᠬᠡ ᠰᠦᠮ᠎ᠡ ᠳᠤᠭᠠᠩ ᠢ᠋ ᠪᠠᠰᠠ 《ᠵᠣᠣ ᠨᠠᠢ᠍ᠮᠠᠨ ᠰᠦᠮ᠎ᠡ》 ᠭᠡᠮᠡᠨ ᠬᠦᠨᠳᠦᠳᠬᠡᠨ ᠳᠠᠭᠤᠳᠠᠳᠠᠭ ᠪᠠᠢᠭᠰᠠᠨ ᠨᠢ ᠣᠨ ᠤᠳᠠᠭᠠᠨ ᠳ᠋ᠠᠭᠠᠨ ᠱᠠᠩᠳᠤ ᠨᠡᠢᠰᠯᠡᠯ ᠦ᠋ᠨ ᠥᠭᠡᠷ᠎ᠡ ᠨᠡᠷᠡᠯᠡᠯ ᠪᠣᠯᠤᠨ ᠤᠯᠠᠷᠢᠭᠰᠠᠨ ᠶᠤᠮ᠃ ᠲᠣᠭᠠᠨ ᠤ᠋ ᠵᠠᠭᠤ ᠪᠠ ᠰᠦᠮ᠎ᠡ ᠬᠡᠢᠳ ᠦ᠋ᠨ ᠵᠣᠣ ᠨᠢ ᠳᠠᠭᠤᠳᠠᠯᠭ᠎ᠠ ᠶ᠋ᠢᠨ ᠬᠤᠪᠢ ᠳ᠋ᠤ᠌ ᠠᠳᠠᠯᠢ ᠲᠤᠯᠠ ᠬᠣᠵᠢᠮ ᠤ᠋ᠨ ᠬᠥᠮᠦᠰ ᠰᠦᠮ᠎ᠡ ᠶ᠋ᠢᠨ ᠵᠣᠣ ᠶ᠋ᠢ ᠲᠣᠭᠠᠨ ᠤ᠋ ᠵᠠᠭᠤ ᠪᠣᠯᠭᠠᠨ ᠬᠢᠲᠠᠳᠴᠢᠯᠠᠵᠤ ᠰᠤᠳᠤᠷ ᠲᠡᠦᠬᠡᠨ ᠳ᠋ᠦ᠍ ᠲᠡᠮᠳᠡᠭᠯᠡᠭᠰᠡᠨ ᠪᠠᠢᠵᠤ ᠪᠣᠯᠬᠤ ᠶᠤᠮ᠃ ᠲᠡᠭᠡᠭᠡᠳ ᠳᠣᠲᠣᠭᠠᠳᠤ ᠭᠠᠳᠠᠭᠠᠳᠤ ᠳ᠋ᠤ᠌ ᠠᠮᠠ ᠪᠠᠷ ᠤᠯᠠᠮᠵᠢᠯᠠᠭᠳᠠᠨ ᠪᠢᠴᠢᠭ ᠰᠤᠳᠤᠷ ᠲᠤ᠌ ᠲᠡᠮᠳᠡᠭᠯᠡᠭᠳᠡᠵᠦ ᠳᠠᠬᠢᠨ ᠮᠣᠩᠭᠣᠯᠴᠢᠯᠠᠬᠤ ᠦᠶᠡᠰ ᠪᠦᠷ ᠵᠠᠭᠤ ᠨᠠᠢ᠍ᠮᠠᠨ ᠬᠡᠮᠡᠬᠦ ᠪᠣᠳᠠᠲᠤ ᠲᠣᠭ᠎ᠠ ᠪᠣᠯᠵᠤ ᠪᠠᠲᠤᠯᠠᠭᠳᠠᠭᠠᠳ ᠮᠣᠩᠭᠣᠯ ᠰᠤᠷᠪᠤᠯᠵᠢ ᠲᠡᠦᠬᠡ ᠳ᠋ᠦ᠍ ᠬᠠᠳᠠᠭᠳᠠᠨ ᠠᠮᠠᠨ ᠶᠠᠷᠢᠶᠠᠨ ᠳ᠋ᠤ᠌ ᠳᠡᠯᠭᠡᠷᠡᠵᠦ ᠭᠡᠬᠦ ᠳ᠋ᠦ᠍ ᠡᠷᠡᠭᠡᠯᠵᠡᠮᠡᠷ ᠭᠠᠵᠠᠷ ᠦᠭᠡᠢ ᠪᠢᠯᠡ᠃ ᠰᠡᠭᠦᠯ ᠦ᠋ᠨ ᠦᠶᠡᠰ ᠦ᠋ᠨ ᠨᠠᠢ᠍ᠮᠠᠨ ᠴᠠᠭᠠᠨ ᠭᠡᠷ ᠦ᠋ᠨ ᠰᠢᠲᠦᠭᠡᠨ ᠲᠠᠬᠢᠯᠭ᠎ᠠ ᠴᠤ᠌ ᠶᠤᠸᠠᠨ ᠤᠯᠤᠰ ᠤ᠋ᠨ ᠦᠶ᠎ᠡ ᠶ᠋ᠢᠨ ᠲᠠᠬᠢᠯᠭ᠎ᠠ ᠶ᠋ᠢᠨ ᠨᠠᠢ᠍ᠮᠠᠨ ᠣᠷᠳᠣᠨ ᠠ᠋ᠴᠠ ᠤᠯᠠᠮᠵᠢᠯᠠᠨ ᠤᠯᠠᠷᠢᠵᠤ ᠵᠠᠯᠭᠠᠮᠵᠢᠯᠠᠨ ᠳᠡᠯᠭᠡᠷᠡᠭᠰᠡᠨ ᠪᠤᠶᠤ᠃ ᠮᠣᠩᠭᠣᠯ ᠬᠠᠭᠠᠨ ᠪᠠᠯᠭᠠᠳ ᠱᠠᠩᠳᠤ ᠶ᠋ᠢ ᠱᠠᠰᠢᠨ ᠤ᠋ ᠥᠩᠭᠡ ᠪᠣᠳᠣᠭ ᠲᠠᠢ ᠪᠣᠯᠭᠠᠨ ᠰᠤᠷᠲᠠᠯᠴᠢᠯᠠᠵᠤ ᠦᠯᠢᠭᠡᠷ ᠳᠣᠮᠣᠭ ᠵᠣᠬᠢᠶᠠᠨ ᠬᠡᠯᠡᠬᠦ ᠨᠢ ᠬᠣᠵᠢᠮ ᠤ᠋ᠨ ᠦᠶᠡᠰ ᠦ᠋ᠨ ᠮᠣᠩᠭᠣᠯ ᠭᠠᠵᠠᠷ ᠰᠢᠷ᠎ᠠ ᠶ᠋ᠢᠨ ᠱᠠᠰᠢᠨ ᠢ᠋ ᠳᠡᠯᠭᠡᠷᠡᠭᠦᠯᠬᠦ ᠳ᠋ᠦ᠍ ᠢᠯᠡᠭᠦᠦ ᠠᠰᠢᠭ ᠲᠠᠢ ᠪᠠᠢᠭᠰᠠᠨ ᠨᠢ 《ᠵᠠᠭᠤ ᠪᠥᠭᠡᠳ ᠨᠠᠢ᠍ᠮᠠᠨ ᠰᠦᠮ᠎ᠡ》᠂《ᠵᠠᠭᠤ ᠪᠥᠭᠡᠳ ᠨᠠᠢ᠍ᠮᠠᠨ ᠲᠠᠢ》 ᠶ᠋ᠢᠨ ᠳᠠᠭᠤᠳᠠᠯᠭ᠎ᠠ᠂ ᠦᠯᠢᠭᠡᠷ ᠳᠣᠮᠣᠭ ᠭᠠᠷᠤᠭᠰᠠᠨ ᠪᠠᠰᠠ ᠨᠢᠭᠡᠨ ᠰᠢᠯᠲᠠᠭᠠᠨ ᠶᠤᠮ᠃ ᠵᠠᠷᠢᠮ ᠲᠡᠦᠬᠡᠴᠢᠳ ᠮᠣᠩᠭᠣᠯ ᠤᠭᠰᠠᠭᠠᠲᠠᠨ ᠤ᠋ ᠨᠣᠶᠠᠷᠬᠠᠭᠰᠠᠨ ᠶᠤᠸᠠᠨ ᠤᠯᠤᠰ ᠤ᠋ᠨ ᠦᠶ᠎ᠡ ᠶ᠋ᠢᠨ ᠵᠠᠭᠤᠭᠠᠳ ᠵᠢᠯ ᠳ᠋ᠦ᠍ ᠪᠠᠢᠭᠤᠯᠵᠤ ᠪᠦᠲᠦᠭᠡᠭᠰᠡᠨ160 ᠰᠦᠮ᠎ᠡ ᠬᠡᠢᠳ ᠢ᠋ ᠪᠦᠷ ᠱᠠᠩᠳᠤ ᠨᠡᠢᠰᠯᠡᠯ ᠳ᠋ᠦ᠍ ᠪᠠᠷᠢᠭᠰᠠᠨ ᠪᠣᠯᠭᠠᠵᠤ ᠬᠠᠰᠢ ᠶᠠᠰᠢ ᠲᠡᠮᠳᠡᠭᠯᠡᠵᠦᠬᠦᠢ᠃
ᠳᠡᠭᠡᠳᠦ ᠨᠡᠢᠰᠯᠡᠯ ᠱᠠᠩᠳᠤ ᠪᠠᠯᠭᠠᠳ ᠢ᠋ ᠪᠠᠢᠭᠤᠯᠬᠤ ᠦᠶᠡᠰ ᠮᠣᠩᠭᠣᠯ ᠬᠠᠭᠠᠳ ᠡᠵᠡᠨ ᠮᠡᠳᠡᠨ ᠡᠷᠬᠡ ᠪᠠᠷᠢᠵᠤ ᠥᠪᠡᠷ ᠦ᠋ᠨ ᠮᠣᠩᠭᠣᠯ ᠦᠨᠳᠦᠰᠦᠲᠡᠨ ᠦ᠌ ᠪᠡᠨ ᠤᠯᠠᠮᠵᠢᠯᠠᠯᠲᠤ ᠵᠤᠷᠰᠢᠯ ᠢ᠋ᠶ᠋ᠠᠷ ᠢ᠋ᠶ᠋ᠠᠨ ᠭᠣᠪᠢ ᠶ᠋ᠢᠨ ᠠᠷᠤ ᠥᠪᠥᠷ᠂ ᠬᠡᠷᠡᠮ ᠦ᠋ᠨ ᠳᠣᠲᠣᠷ᠎ᠠ ᠭᠠᠳᠠᠨᠠᠬᠢ ᠶ᠋ᠢ ᠵᠠᠬᠢᠷᠤᠨ ᠨᠣᠶᠠᠷᠬᠠᠵᠤ ᠪᠠᠢᠭᠰᠠᠨ ᠪᠣᠯᠬᠣᠷ ᠥᠪᠡᠷ ᠦ᠋ᠨ ᠵᠣᠷᠢᠭ ᠰᠠᠨᠠᠭ᠎ᠠ᠂ ᠠᠮᠢᠳᠤᠷᠠᠯ ᠤ᠋ᠨ ᠬᠡᠪ ᠨᠠᠮᠪᠠ᠂ ᠣᠷᠴᠢᠨ ᠠᠬᠤᠢ ᠶ᠋ᠢᠨ ᠢ᠋ᠶ᠋ᠡᠨ ᠪᠣᠳᠠᠲᠤ ᠤᠬᠠᠭᠳᠠᠬᠤᠨ ᠠ᠋ᠴᠠ ᠡᠭᠦᠰᠦᠨ ᠨᠡᠢᠰᠯᠡᠯ ᠬᠣᠲᠠ ᠪᠠᠨ ᠵᠢᠷᠤᠵᠤ ᠲᠥᠯᠥᠪᠯᠡᠵᠦ ᠮᠣᠩᠭᠣᠯ ᠲᠤᠭᠤᠷᠭᠠᠲᠠᠨ ᠤ᠋ ᠤᠯᠠᠮᠵᠢᠯᠠᠯᠲᠤ ᠪᠠᠷᠢᠯᠭ᠎ᠠ ᠶ᠋ᠢᠨ ᠬᠡᠯᠪᠡᠷᠢ ᠶᠠᠩᠵᠤ ᠪᠠᠷ ᠭᠣᠣᠯ ᠴᠣᠭᠴᠠ ᠪᠣᠯᠭᠠᠨ᠂ ᠮᠥᠨ ᠪᠤᠰᠤᠳ ᠤᠭᠰᠠᠭ᠎ᠠ ᠦᠨᠳᠦᠰᠦᠲᠡᠨ ᠦ᠌ ᠤᠷᠠᠨ ᠳᠠᠷᠬᠠᠴᠤᠳ ᠤ᠋ᠨ ᠪᠠᠷᠢᠯᠭ᠎ᠠ ᠶ᠋ᠢᠨ ᠡᠷᠳᠡᠮ ᠮᠡᠷᠭᠡᠵᠢᠯ᠂ ᠬᠡᠪ ᠨᠠᠮᠪᠠ ᠶ᠋ᠢ ᠲᠤᠰᠬᠠᠨ ᠬᠠᠳᠠᠭᠠᠯᠠᠭᠰᠠᠨ ᠢ᠋ ᠱᠠᠩᠳᠤ ᠪᠠᠯᠭᠠᠳ ᠤ᠋ᠨ ᠦᠯᠡᠳᠡᠴᠡ ᠪᠠᠭᠤᠷᠢ ᠵᠢᠴᠢ ᠰᠤᠷᠪᠤᠯᠵᠢ ᠲᠡᠦᠬᠡ ᠲᠡᠮᠳᠡᠭᠯᠡᠯ ᠲᠣᠳᠣᠷᠬᠠᠢ ᠭᠡᠷᠡᠴᠢᠯᠡᠵᠦ ᠪᠠᠢᠭ᠎ᠠ ᠪᠢᠯᠡ᠃ ᠲᠡᠦᠬᠡᠨ ᠰᠤᠷᠪᠤᠯᠵᠢ ᠪᠢᠴᠢᠭ ᠰᠤᠳᠤᠷ ᠢ᠋ ᠦᠨᠳᠦᠰᠦᠯᠡᠪᠡᠯ ᠬᠠᠷᠠᠬᠣᠷᠣᠮ᠂ ᠱᠠᠩᠳᠤ ᠪᠠᠯᠭᠠᠳ᠂ ᠶᠤᠸᠠᠨ ᠤ᠋ ᠶᠡᠬᠡ ᠨᠡᠢᠰᠯᠡᠯ ᠪᠡᠭᠡᠵᠢᠩ ᠦ᠋ᠨ ᠪᠠᠷᠢᠯᠭ᠎ᠠ ᠶ᠋ᠢᠨ ᠬᠡᠪ ᠶᠠᠩᠵᠤ᠂ ᠣᠨᠴᠠᠯᠢᠭ ᠰᠢᠨᠵᠢ ᠶᠡᠬᠡ ᠲᠥᠯᠥᠪ ᠠᠳᠠᠯᠢᠪᠲᠤᠷ ᠪᠠᠢᠭᠰᠠᠨ ᠪᠠ ᠰᠡᠭᠦᠯ ᠦ᠋ᠨ ᠬᠣᠶᠠᠷ ᠬᠠᠭᠠᠨ ᠤ᠋ ᠪᠠᠯᠭᠠᠳ ᠢ᠋ ᠪᠦᠷ ᠶᠢᠰᠦᠨᠪᠤᠬ᠎ᠠ ᠬᠡᠮᠡᠬᠦ ᠶᠡᠬᠡ ᠵᠠᠩᠵᠤᠨ ᠵᠠᠬᠢᠷᠴᠤ ᠪᠠᠷᠢᠭᠰᠠᠨ ᠭᠡᠮᠡᠨ ᠰᠣᠷᠪᠣᠯᠵᠢᠰ ᠲᠤ᠌ ᠲᠡᠮᠳᠡᠭᠯᠡᠭᠰᠡᠨ ᠶᠤᠮ᠃ ᠮᠣᠩᠭᠣᠯᠴᠤᠳ ᠤ᠋ᠨ ᠮᠠᠨᠳᠤᠯ ᠤ᠋ᠨ ᠦᠶ᠎ᠡ ᠳ᠋ᠦ᠍ ᠪᠠᠢᠭᠤᠯᠤᠭᠰᠠᠨ ᠳᠡᠭᠡᠳᠦ ᠨᠡᠢᠰᠯᠡᠯ ᠱᠠᠩᠳᠤ ᠪᠠᠯᠭᠠᠳ ᠨᠢ ᠮᠣᠩᠭᠣᠯ ᠲᠤᠭᠤᠷᠭᠠᠲᠠᠨ ᠤ᠋ ᠦᠨᠳᠦᠰᠦᠲᠡᠨ ᠦ᠌ ᠣᠨᠴᠠᠯᠢᠭ᠂ ᠵᠠᠩ ᠳᠠᠳᠬᠠᠯ᠂ ᠬᠡᠪ ᠨᠠᠮᠪᠠ᠂ ᠨᠡᠭᠦᠳᠡᠯ ᠮᠠᠯᠵᠢᠯ ᠤ᠋ᠨ ᠰᠣᠶᠣᠯ᠂ ᠰᠡᠳᠬᠢᠴᠡ ᠶ᠋ᠢ ᠲᠤᠰᠬᠠᠬᠤ ᠨᠢ ᠭᠠᠷᠴᠠᠭ᠎ᠠ ᠦᠭᠡᠢ ᠶᠤᠮ᠃ ᠵᠠᠷᠢᠮ ᠲᠡᠦᠬᠡᠴᠢᠳ ᠱᠠᠩᠳᠤ ᠪᠠᠯᠭᠠᠳ ᠢ᠋ ᠬᠠᠷᠢᠨ ᠡᠨᠡᠳᠬᠡᠭ ᠲᠥᠪᠡᠳ ᠦ᠋ᠨ ᠰᠦᠮ᠎ᠡ ᠬᠡᠯᠪᠡᠷᠢ ᠶ᠋ᠢᠨ ᠪᠠᠷᠢᠯᠭ᠎ᠠ ᠶ᠋ᠢᠨ ᠣᠨᠴᠠᠯᠢᠭ ᠲᠠᠢ ᠭᠡᠬᠦ᠂ ᠡᠰᠡᠬᠦᠯ᠎ᠡ ᠬᠢᠲᠠᠳ ᠨᠠᠩᠭᠢᠶᠠᠳ ᠮᠠᠶᠢᠭ ᠤ᠋ᠨ ᠪᠠᠢᠰᠢᠩ ᠪᠠᠷᠢᠯᠭ᠎ᠠ ᠶ᠋ᠢᠨ ᠬᠡᠯᠪᠡᠷᠢ ᠪᠡᠷ ᠭᠣᠣᠯ ᠴᠣᠭᠴᠠ ᠪᠣᠯᠭᠠᠨ ᠪᠠᠢᠭᠤᠯᠤᠭᠰᠠᠨ ᠰᠢᠭ᠋ ᠥᠭᠦᠯᠡᠨ ᠨᠤᠲᠠᠯᠠᠬᠤ ᠨᠢ ᠲᠡᠦᠬᠡᠨ ᠦᠨᠡᠨ ᠪᠠᠢᠳᠠᠯ ᠲᠠᠢ ᠶᠡᠬᠡᠳᠡᠨ ᠵᠦᠷᠢᠶᠡᠨ ᠲᠡᠢ ᠪᠠᠢᠭ᠎ᠠ ᠨᠢ ᠢᠯᠡᠳᠲᠡ ᠠᠵᠢ᠃ ᠲᠤᠬᠠᠢ ᠶ᠋ᠢᠨ ᠦᠶᠡᠰ ᠢᠭ᠌ᠳᠠᠷ᠂ ᠯᠢᠦ ᠪᠢᠩ ᠵᠦᠩ ᠨᠠᠷ ᠮᠣᠩᠭᠣᠯ ᠬᠠᠭᠠᠨ ᠡᠵᠡᠨ᠂ ᠨᠣᠶᠠᠳ ᠲᠦᠰᠢᠮᠡᠳ ᠦ᠋ᠨ ᠰᠠᠨᠠᠭ᠎ᠠ ᠪᠣᠳᠣᠯ᠂ ᠡᠷᠢᠯ ᠬᠦᠰᠡᠯ᠂ ᠳᠤᠷ᠎ᠠ ᠰᠣᠨᠢᠷᠬᠠᠯ ᠢ ᠦᠨᠳᠦᠰᠦᠯᠡᠨ ᠵᠢᠷᠤᠵᠤ ᠲᠥᠯᠥᠪᠯᠡᠬᠦ ᠨᠢ ᠮᠡᠳᠡᠭᠡᠵᠢ ᠶ᠋ᠢᠨ ᠬᠡᠷᠡᠭ᠂ ᠳᠤᠷ᠎ᠠ ᠪᠠᠷ ᠢ᠋ᠶ᠋ᠠᠨ ᠵᠢᠷᠤᠵᠤ ᠲᠠᠪᠠ ᠪᠠᠷ ᠢ᠋ᠶ᠋ᠠᠨ ᠲᠥᠯᠥᠪᠯᠡᠬᠦ ᠡᠷᠬᠡ ᠮᠠᠲᠠᠯ ᠲᠡᠳᠡᠨ ᠳ᠋ᠦ᠍ ᠬᠡᠷᠬᠢᠨ ᠪᠠᠢᠵᠤ ᠴᠢᠳᠠᠬᠤ ᠪᠣᠢ!
ᠶᠡᠬᠡ ᠶᠤᠸᠠᠨ ᠤᠯᠤᠰ ᠤ᠋ᠨ ᠱᠠᠩᠳᠤ ᠪᠣᠯ ᠳᠤᠮᠳᠠᠳᠤ ᠤᠯᠤᠰ ᠤ᠋ᠨ ᠨᠤᠲᠤᠭ ᠳᠡᠪᠢᠰᠬᠡᠷ ᠦ᠋ᠨ ᠬᠠᠮᠤᠭ ᠶᠡᠬᠡ ᠨᠢᠭᠡᠳᠦᠯ᠂ ᠤᠭᠰᠠᠭ᠎ᠠ ᠦᠨᠳᠦᠰᠦᠲᠡᠨ ᠦ᠌ ᠬᠠᠮᠤᠭ ᠤ᠋ᠨ ᠶᠡᠬᠡ ᠨᠢᠭᠡᠳᠦᠯ ᠢ᠋ ᠪᠡᠶᠡᠯᠡᠭᠦᠯᠦᠭᠰᠡᠨ ᠠᠩᠬᠠᠳᠠᠭᠴᠢ ᠨᠡᠢᠰᠯᠡᠯ ᠬᠣᠲᠠ ᠶᠤᠮ᠃
ᠦᠰᠦᠭ ᠠᠮᠢᠯᠠᠭᠤᠯᠦᠭ᠍ᠴᠢ ᠄ᠨᠠᠷᠠᠩᠭᠤᠸ᠎ᠠ᠂ ᠰᠢᠵᠢᠷᠮᠠᠨᠳᠤᠯ᠎ᠠ᠂ ᠣᠶᠣᠨ᠂ ᠤᠶᠤᠨᠴᠢᠮᠡᠭ᠂ ᠤᠤᠭᠠᠨᠵᠢᠳ
ᠬᠢᠨᠡᠭ᠍ᠴᠢ᠄ ᠮᠤᠩᠭᠤᠯᠵᠠᠶᠠᠭ᠎ᠠ
ᠦᠷᠬᠦᠯᠵᠢᠯᠡᠯ ᠪᠣᠢ
