ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠵᠢᠷᠭᠤᠭ᠎ᠠ> Хан мунын сүүрс < доорд > – Мөнх зохиоов ᠂ Гутгаар бодь – Гуравдугаар бүлэг <6> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠵᠢᠷᠭᠤᠭ᠎ᠠ> Хан мунын сүүрс < доорд > – Мөнх зохиоов ᠂ Гутгаар бодь – Гуравдугаар бүлэг <6>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠵᠢᠷᠭᠤᠭ᠎ᠠ> Хан мунын сүүрс < доорд > – Мөнх зохиоов ᠂ Гутгаар бодь – Гуравдугаар бүлэг <6>

ᠠᠩᠭᠢᠯᠠᠯ:ᠲᠤᠭᠤᠵᠢ ᠷᠣᠮᠠᠨ
2025-02-25

220

ᠭᠤᠲᠠᠭᠠᠷ ᠪᠣᠲᠢ – ᠭᠤᠷᠪᠠᠳᠤᠭᠠᠷ ᠪᠦᠯᠦᠭ <ᠵᠢᠷᠭᠤᠭ᠎ᠠ>


                   ᠵᠢᠷᠭᠤᠭ᠎ᠠ  

       ᠵᠤᠯᠠᠢ ᠠ᠋ᠴᠠ ᠬᠥᠯᠥᠰᠥ ᠪᠢᠰᠢ ᠲᠣᠰᠣ ᠰᠢᠷᠭᠠᠭᠠᠮ᠎ᠠ ᠲᠥᠭᠡᠨᠡᠭᠰᠡᠨ ᠬᠠᠯᠠᠭᠤᠨ ᠨᠠᠷᠠᠨ ᠤ᠋ ᠤᠢᠯ ᠳ᠋ᠤ᠌ ᠭᠠᠵᠠᠷ ᠰᠢᠭᠢᠳᠬᠡᠵᠦ ᠰᠠᠭᠤᠯᠭᠠᠭᠰᠠᠨ ᠲᠣᠮᠣ ᠵᠠᠳᠠᠭᠠᠢ ᠮᠣᠳᠣᠨ ᠰᠠᠭᠤᠯᠠᠭ᠎ᠠ ᠠ᠋ᠴᠠ ᠢᠳᠡᠭᠡᠯᠡᠭᠰᠡᠨ ᠠᠷᠠᠰᠤᠨ ᠤ᠋ ᠢᠰᠦᠩᠬᠢ ᠦᠨᠦᠷ ᠪᠠ ᠬᠤᠢᠬᠠᠨ ᠤ᠋ ᠬᠤᠷᠰᠢᠮᠠᠯ ᠲᠣᠰᠣ ᠬᠣᠯᠢᠯᠳᠤᠭᠰᠠᠨ ᠭᠠᠰᠢᠯᠤᠩᠬᠠᠢ ᠦᠨᠦᠷ ᠪᠥᠭ ᠬᠢᠵᠦ ᠭᠡᠷ ᠦ᠋ᠨ ᠬᠠᠶᠠᠭ᠎ᠠ ᠨᠥᠭᠡᠯᠦᠨ ᠬᠠᠮᠠᠷ ᠴᠣᠷᠭᠢᠵᠤ ᠦᠨᠦᠷᠲᠦᠨ᠎ᠡ᠃ 
       ᠡᠯᠳᠡᠩᠭᠡ᠂ ᠠᠳᠤᠭᠤᠨ ᠤ᠋ ᠬᠥᠮᠦᠨ ᠲᠡᠢ ᠬᠠᠮᠵᠢᠵᠤ ᠰᠤᠷ ᠡᠯᠳᠡᠵᠦ ᠲᠡᠳᠡᠨ᠂ ᠭᠠᠨᠵᠤᠭ᠎ᠠ ᠶ᠋ᠢᠨ ᠨᠠᠷᠢᠨ ᠰᠤᠷ ᠵᠦᠰᠦᠵᠦ ᠰᠠᠭᠤᠨ᠎ᠠ᠃ ᠴᠠᠭᠠᠳᠤ ᠶᠡᠬᠡ ᠭᠡᠷ ᠲᠦ᠍ ᠢᠨᠵᠢ ᠥᠬᠢᠳ ᠲᠡᠢ ᠱᠠᠭ᠎ᠠ ᠲᠣᠭᠯᠠᠨ ᠤᠢᠳᠬᠠᠷ ᠢ᠋ᠶ᠋ᠠᠨ ᠰᠡᠷᠭᠦᠭᠡᠭᠰᠡᠨ ᠮᠠᠨᠤᠬᠤᠸᠠᠷ ᠥᠬᠢᠨ ᠭᠠᠷᠴᠤ ᠢᠷᠡᠭᠡᠳ ᠡᠪᠦᠭᠡ ᠶ᠋ᠢᠨ ᠢ᠋ᠶ᠋ᠡᠨ ᠰᠤᠷ ᠡᠯᠳᠡᠵᠦ ᠰᠠᠭᠤᠭᠰᠠᠨ ᠢ᠋ ᠬᠡᠰᠡᠭ ᠬᠠᠷᠠᠵᠤ ᠵᠣᠭᠰᠣᠭᠰᠠᠨ ᠢ᠋ᠶ᠋ᠠᠨ ᠭᠡᠨᠡᠳᠲᠡ ᠭᠠᠰᠢᠯᠤᠩᠬᠠᠢ ᠬᠤᠷᠰᠢᠮᠠᠯ ᠦᠨᠦᠷ ᠡᠴᠡ ᠵᠢᠭᠰᠢᠭᠰᠡᠨ ᠪᠣᠯᠤᠯᠲᠠᠢ《ᠫᠥᠬᠥ!》 ᠭᠡᠵᠦ ᠠᠮᠠ ᠬᠠᠮᠠᠷ ᠢ᠋ᠶ᠋ᠠᠨ ᠲᠠᠭᠯᠠᠨ ᠲᠡᠨᠳᠡ ᠡᠴᠡ ᠵᠠᠢᠯᠠᠵᠤ ᠶᠡᠬᠡ ᠭᠡᠷ ᠤᠷᠤᠭᠤ ᠪᠠᠨ ᠶᠠᠪᠤᠪᠠ᠃  ᠡᠨᠡ ᠥᠬᠢᠨ ᠪᠣᠯ ᠡᠯᠳᠡᠩᠭᠡ ᠶ᠋ᠢᠨ ᠠᠴᠢ ᠥᠬᠢᠨ᠂ ᠪᠡᠶ᠎ᠡ ᠭᠦᠢᠴᠡᠭᠡ ᠭᠤᠨᠵᠢᠨ ᠰᠤᠭᠤ ᠰᠢᠭ᠋ ᠰᠣᠭᠣᠢᠭᠰᠠᠨ ᠵᠣ ᠲᠠᠢ᠂ ᠲᠥᠪᠥᠭᠡᠷ ᠴᠡᠭᠡᠵᠢ᠂ ᠭᠠᠨᠠᠯᠵᠠᠭᠰᠠᠨ ᠰᠠᠢᠬᠠᠨ ᠪᠡᠶ᠎ᠡ ᠬᠠᠳᠠ ᠲᠠᠢ᠂ ᠴᠢᠷᠠᠢᠯᠠᠭ ᠲᠥᠷᠥᠭᠰᠡᠨ ᠰᠠᠢᠬᠠᠨ ᠥᠬᠢᠨ ᠠᠵᠢ ᠠ᠋᠃ 
       ᠡᠯᠳᠡᠩᠭᠡ᠂ ᠵᠦᠰᠦᠭᠰᠡᠨ ᠭᠠᠨᠵᠤᠭᠠᠨ ᠤ᠋ ᠨᠠᠷᠢᠨ ᠰᠤᠷ ᠢ᠋ᠶ᠋ᠠᠨ ᠬᠤᠢᠬᠠᠨ ᠲᠣᠰᠣ ᠢᠳᠡᠭᠦᠯᠵᠦ ᠰᠢᠪᠲᠤᠷᠠᠭᠠᠳ᠄ 
       — ᠠ᠂ ᠡᠨᠡ ᠴᠤ᠌ ᠮᠥᠨ ᠰᠠᠢᠬᠠᠨ ᠢᠳᠡᠭᠡ ᠣᠷᠣᠵᠠᠢ᠂ ᠴᠢᠳᠥᠷ ᠮᠤᠰᠬᠢᠬᠤ ᠳ᠋ᠤ᠌ ᠠᠷᠠᠢ ᠵᠥᠭᠡᠯᠡᠳᠪᠡ ᠤᠤ ᠳᠠ? ᠭᠡᠬᠦ ᠳ᠋ᠦ᠍ ᠠᠳᠤᠭᠤᠨ ᠤ᠋ ᠬᠥᠮᠦᠨ᠄ 
       — ᠭᠠᠢᠭᠤᠢ᠂ ᠭᠠᠢᠭᠤᠢ! ᠭᠡᠲᠡᠯ᠎ᠡ ᠱᠣᠩ ᠳᠡᠭᠡᠷ᠎ᠡ ᠮᠣᠷᠢ ᠦᠦᠷᠰᠡᠪᠡ᠃ 
       ᠡᠯᠳᠡᠩᠭᠡ ᠡᠷᠬᠡ ᠦᠭᠡᠢ ᠠᠭᠲᠠ ᠦᠦᠷᠰᠡᠬᠦ ᠵᠦᠭ ᠨᠢᠳᠦ ᠡᠷᠭᠦᠪᠡᠯ᠂ ᠵᠡᠭᠦᠨ ᠡᠮᠦᠨ᠎ᠡ ᠡᠴᠡ ᠠᠢᠰᠤᠢ ᠥᠨᠳᠥᠷ ᠴᠡᠭᠡᠵᠢ ᠲᠡᠢ᠂ ᠰᠠᠭᠠᠷᠠᠯ ᠮᠣᠷᠢ ᠲᠠᠢ ᠬᠥᠮᠦᠨ ᠶᠠᠭᠤ ᠬᠠᠢ ᠦᠭᠡᠢ ᠱᠣᠩ ᠳᠡᠭᠡᠷ᠎ᠡ ᠪᠠᠭᠤᠵᠤ ᠪᠠᠢᠪᠠ᠃ 
       ᠡᠨᠡ ᠢᠷᠡᠭᠡ ᠰᠠᠭᠠᠷᠠᠯ ᠮᠣᠷᠢᠲᠠᠨ ᠪᠣᠯ ᠴᠣᠭᠪᠠᠭᠠᠲᠦᠷ᠃ ᠴᠣᠭᠪᠠᠭᠠᠲᠦᠷ ᠥᠪᠴᠢ ᠪᠡᠶ᠎ᠡ ᠴᠡᠷᠢᠭ ᠬᠤᠪᠴᠠᠰᠤ ᠡᠮᠦᠰᠴᠦ᠂ ᠰᠢᠷᠢᠨ ᠪᠥᠰᠡᠨ ᠳ᠋ᠦ᠍ᠨᠢ ᠠᠬᠤᠷ ᠫᠤᠤ ᠭᠢᠯᠠᠯᠵᠠᠬᠤ ᠪᠠᠷ ᠲᠡᠭᠦᠨ ᠦ᠌ ᠥᠨᠳᠥᠷ ᠨᠠᠷᠢᠬᠠᠨ ᠪᠡᠶ᠎ᠡ ᠳ᠋ᠦ᠍ ᠤᠯᠠᠮ ᠰᠦᠷ ᠵᠢᠪᠬᠤᠭ᠎ᠠ ᠨᠡᠮᠡᠵᠦ᠂ ᠨᠢᠳᠦ ᠳᠡᠭᠡᠭᠦᠷ ᠭᠡᠳᠡᠯᠵᠡᠨ ᠪᠠᠷᠤᠭ ᠤ᠋ᠨ ᠬᠥᠮᠦᠨ ᠢ᠋ ᠲᠣᠭᠣᠬᠤ ᠦᠭᠡᠢ ᠳᠡᠭᠡᠷᠡᠯᠬᠦ ᠪᠣᠯᠭᠠᠵᠠᠢ᠃ ᠥᠨᠳᠥᠷ ᠲᠦᠷᠡᠢ ᠲᠡᠢ ᠰᠠᠪᠢᠬᠢᠨ ᠭᠠᠲᠤᠯ ᠤ᠋ᠨ ᠲᠡᠮᠦᠷ ᠲᠠᠬ᠎ᠠ ᠲᠠᠢ ᠤᠯᠠ ᠨᠢ ᠬᠠᠲᠠᠭᠤ ᠲᠠᠱ ᠲᠠᠱ ᠭᠡᠵᠦ ᠠᠯᠬᠤᠬᠤ ᠨᠢ ᠰᠣᠷᠲᠣᠭᠣ ᠲᠠᠢ᠃ ᠭᠡᠷ ᠦ᠋ᠨ ᠬᠠᠶᠠᠭᠠᠨ ᠳ᠋ᠠᠬᠢ ᠥᠨᠳᠥᠷ ᠠᠭᠠᠷᠤᠨ ᠰᠢᠪᠡᠭᠡᠨ ᠦ᠌ ᠦᠵᠦᠭᠦᠷ ᠲᠦ᠍ ᠳᠡᠷᠪᠡᠯᠵᠡᠨ ᠬᠡᠢᠰᠦᠭᠰᠡᠨ ᠬᠡᠢ ᠮᠣᠷᠢ ᠶ᠋ᠢᠨ ᠳᠠᠷᠴᠤᠭ ᠢ᠋ ᠬᠠᠷᠠᠭᠠᠳ《ᠠ ᠬᠥᠶᠢ᠂ ᠡᠪᠦᠭᠡᠨ ᠲᠤᠰᠠᠯᠠᠭᠴᠢ ᠶ᠋ᠢᠨ ᠬᠡᠢ ᠮᠣᠷᠢ ᠬᠡᠪᠲᠡᠵᠦ ᠳᠡ ᠬᠥᠭᠡᠷᠦᠬᠦᠢ!》 ᠭᠡᠳ ᠡᠯᠳᠡᠩᠭᠡ ᠶ᠋ᠢᠨ ᠳᠡᠷᠭᠡᠳᠡ ᠲᠤᠯᠵᠤ ᠢᠷᠡᠨ ᠨᠣᠭᠲᠣ ᠴᠢᠳᠥᠷ ᠤᠷᠤᠯᠳᠤᠵᠤ ᠪᠠᠢᠭᠰᠠᠨ ᠡᠯᠳᠡᠩᠭᠡ ᠶ᠋ᠢ ᠬᠠᠷᠠᠭᠠᠳ ᠳᠣᠲᠣᠷ᠎ᠠ ᠪᠠᠨ ᠪᠠᠰᠤᠵᠤ᠄ 
       — ᠡᠪᠦᠭᠡᠨ ᠲᠤᠰᠠᠯᠠᠭᠴᠢ ᠭᠤᠸᠠᠢ ᠰᠠᠢᠨ ᠪᠠᠢᠨ᠎ᠠ ᠤᠤ? ᠭᠡᠰᠡᠨ ᠢ᠋ᠶ᠋ᠡᠨ《ᠲᠠᠷᠢᠬᠢᠨ ᠠ᠋ᠴᠠ ᠴᠢᠨᠢ ᠲᠥᠷᠥᠯᠬᠢ ᠤᠷᠭᠤᠯ᠎ᠠ ᠭᠡᠵᠦ ᠵᠡᠭᠦᠳᠦᠯᠡᠳᠡᠭ ᠳᠦᠯᠡᠢ ᠤᠲᠤᠭ᠎ᠠ ᠲᠠᠢ ᠲᠠᠨᠠᠨ ᠤᠯᠠᠭᠠᠨ ᠵᠢᠩᠰᠡ ᠴᠢᠨᠢ ᠶᠠᠭᠠᠬᠢᠯ᠎ᠠ⁈ ᠲᠠᠷ ᠢ᠋ᠶ᠋ᠠᠨ ᠪᠠᠷᠠᠭᠰᠠᠨ ᠬᠥᠭᠰᠢᠨ ᠪᠤᠬ᠎ᠠ ᠰᠢᠭ᠋ ᠱᠦᠷᠭᠦᠭᠡᠭᠡᠳ ᠵᠣᠭᠰᠣᠳᠠᠭ ᠴᠠᠭ ᠴᠢᠮ᠎ᠠ ᠳ᠋ᠤ᠌ ᠪᠠᠰᠠ ᠢᠷᠡᠳᠡᠭ ᠪᠠᠢᠵᠠᠢ ᠠ᠋》 ᠭᠡᠵᠦ ᠪᠣᠳᠣᠨ ᠨᠠᠮᠪᠠᠭ᠎ᠠ ᠲᠠᠢ ᠠᠯᠬᠤᠵᠤ᠂ ᠲᠡᠭᠦᠨ ᠳ᠋ᠦ᠍ ᠲᠣᠭᠣᠮᠰᠠᠷ ᠦᠭᠡᠢ ᠢᠷᠪᠠᠢᠨ ᠢᠨᠢᠶᠡᠬᠦ ᠳᠦᠷᠢ ᠦᠵᠡᠭᠦᠯᠦᠨ ᠭᠣᠣᠯ ᠭᠡᠷ ᠦ᠋ᠨ ᠴᠣᠩᠬᠣ ᠪᠠᠷ ᠲᠣᠯᠣᠭᠠᠢ ᠴᠤᠬᠤᠯᠵᠠᠭᠰᠠᠨ ᠠᠴᠢ ᠥᠬᠢᠨ ᠦ᠌ ᠬᠢᠨᠢ ᠰᠣᠳᠣᠨ ᠪᠠᠷ᠎ᠠ ᠳ᠋ᠤ᠌ ᠨᠢᠳᠦ ᠪᠡᠨ ᠱᠣᠷᠣᠯᠠᠭᠤᠯᠤᠨ ᠲᠡᠷᠡ ᠵᠦᠭ ᠠᠯᠬᠤᠪᠠ᠃  ᠪᠠᠷᠠᠭᠤᠨ ᠬᠦᠩ ᠳᠠᠶᠠᠭᠠᠷ ᠡᠯᠳᠡᠩᠭᠡ ᠶ᠋ᠢ ᠳᠤᠷᠠᠳᠤᠭᠰᠠᠭᠠᠷ ᠪᠢᠰᠢᠷᠡᠵᠦ ᠰᠦᠷᠳᠡᠬᠦ ᠲᠣᠭᠠᠲᠠᠨ ᠨᠢ ᠣᠯᠠᠨ ᠪᠠᠢᠳᠠᠭ ᠤ᠋ᠨ ᠬᠤᠪᠢ ᠳ᠋ᠤ᠌ ᠴᠣᠭᠪᠠᠭᠠᠲᠦᠷ ᠴᠤ᠌ ᠲᠡᠭᠦᠨ ᠦ᠌ ᠨᠢᠭᠡ ᠪᠡᠷ ᠪᠢᠰᠢᠷᠡᠵᠦ ᠰᠦᠷᠳᠡᠳᠡᠭ ᠨᠢ ᠬᠣᠷᠣᠰᠤᠯ ᠳ᠋ᠤ᠌ ᠳᠡᠢᠯᠳᠡᠭᠡᠳ ᠡᠴᠢᠭᠡ ᠶ᠋ᠢᠨ ᠥᠰᠢᠶ᠎ᠡ ᠶ᠋ᠢ ᠶᠠᠭᠠᠬᠢᠵᠤ ᠠᠪᠳᠠᠭ ᠪᠢᠯᠡ ᠭᠡᠳ ᠡᠳᠦᠷ ᠤᠳᠠᠭᠰᠠᠨ ᠪᠢᠯᠡ᠃ ᠬᠠᠷᠠᠩᠭᠤᠢ ᠶ᠋ᠢ ᠵᠠᠪᠰᠢᠵᠤ ᠳᠠᠯᠳᠠᠭᠤᠷ ᠭᠠᠷᠨᠠᠲᠠ ᠰᠢᠳᠡᠵᠦ ᠬᠢᠬᠦ ᠭᠡᠳ ᠴᠢᠳᠠᠭᠰᠠᠨ ᠦᠭᠡᠢ ᠳ᠋ᠡᠭᠡᠨ ᠡᠷ᠎ᠡ ᠶ᠋ᠢᠨ ᠰᠢᠪᠰᠢᠭ ᠭᠡᠵᠦ ᠪᠣᠳᠣᠨ ᠢᠴᠢᠵᠦ ᠴᠤ᠌ ᠶᠠᠪᠤᠯ᠎ᠠ᠃ 
       ᠵᠣᠳᠪᠠ ᠮᠡᠢᠷᠡᠨ ᠦ᠌ ᠲᠣᠷᠭᠠᠨ ᠬᠣᠩᠰᠢᠶᠠᠷ ᠲᠤ ᠭᠤᠯᠭᠤᠬᠤ ᠦᠭᠡᠢ ᠡᠷ᠎ᠡ ᠪᠠᠢᠳᠠᠭ ᠦᠭᠡᠢ ᠭᠡᠳᠡᠭ ᠨᠢ ᠦᠨᠡᠨ᠃《ᠡᠯᠳᠡᠩᠭᠡ ᠭᠤᠸᠠᠢ ᠶ᠋ᠢᠨ ᠠᠴᠢ ᠥᠬᠢᠨ ᠭᠡᠭᠴᠢ ᠴᠡᠴᠡᠭ ᠰᠢᠭ ᠰᠣᠷᠭᠣᠭ᠂ ᠤᠰᠤ ᠰᠢᠭ᠋ ᠲᠤᠩᠭᠠᠯᠠᠭ᠁ ᠠ ᠢᠯᠡᠢ! ᠴᠣᠭᠪᠠᠭᠠᠲᠦᠷ ᠰᠢᠭ᠋ ᠭᠠᠩᠭᠠᠩ ᠵᠠᠯᠠᠭᠤ ᠳ᠋ᠤ᠌ ᠳᠣᠬᠢᠶ᠎ᠠ ᠳᠠ! ᠣᠷᠣᠭ᠎ᠠ ᠨᠢ ᠣᠷᠣᠭ᠎ᠠ᠂ ᠵᠢᠷᠣᠭ᠎ᠠ ᠨᠢ ᠵᠢᠷᠣᠭ᠎ᠠ ᠪᠠᠷ ᠢ᠋ᠶ᠋ᠠᠨ᠁》 ᠭᠡᠵᠦ ᠥᠳᠥᠭᠡᠨ ᠵᠠᠭᠤᠴᠢᠯᠠᠭᠰᠠᠨ ᠦᠭᠡ ᠴᠣᠭᠪᠠᠭᠠᠲᠦᠷ ᠦ᠋ᠨ ᠰᠡᠳᠬᠢᠯ ᠦ᠋ᠨ ᠵᠢᠯᠣᠭᠣ ᠶ᠋ᠢ ᠡᠢᠰᠢ ᠨᠢ ᠬᠥᠲᠥᠯᠵᠡᠢ᠃ 
       ᠲᠡᠭᠦᠨ ᠡᠴᠡ ᠬᠣᠢᠰᠢ ᠴᠣᠭᠪᠠᠭᠠᠲᠦᠷ ᠵᠣᠳᠪᠠ ᠶ᠋ᠢᠨ ᠦᠭᠡ ᠪᠡᠷ ᠵᠢᠷᠣᠭᠠᠯᠠᠵᠤ᠂ ᠲᠤᠰᠠᠯᠠᠭᠴᠢ ᠨᠣᠶᠠᠨ ᠢ᠋ᠶ᠋ᠠᠨ ᠪᠠᠢᠶ᠎ᠠ ᠭᠡᠵᠦ ᠭᠡᠷ ᠲᠡᠭᠡᠨ ᠲᠦᠷ ᠬᠣᠷᠭᠣᠳᠠᠭᠰᠠᠨ ᠡᠯᠳᠡᠩᠭᠡ ᠶ᠋ᠢᠨ ᠬᠠᠪᠲᠠᠰᠤ ᠶ᠋ᠢ ᠡᠯᠡᠭᠡᠬᠦ ᠪᠡᠷ ᠪᠠᠢᠩᠭᠤ ᠢᠷᠡᠵᠦ ᠶᠣᠰᠣᠲᠠᠢ ᠯᠠ ᠪᠣᠰᠤᠨ ᠪᠣᠰᠤᠨ ᠪᠣᠷᠣ ᠳᠠᠭ᠎ᠠ ᠪᠠᠨ ᠵᠠᠢᠳᠠᠯᠠᠪᠠ ᠭᠡᠭᠴᠢ ᠶ᠋ᠢᠨ ᠦᠯᠢᠭᠡᠷ ᠪᠣᠯᠵᠠᠢ᠃ ᠰᠣᠬᠣᠷ ᠦᠬᠡᠷ ᠲᠦ᠍ ᠬᠤᠳᠳᠤᠭ ᠪᠦᠦ ᠲᠠᠨᠢᠭᠤᠯ ᠭᠡᠳᠡᠭ ᠮᠡᠷᠭᠡᠨ ᠦᠭᠡ ᠥᠨᠥᠳᠥᠷ ᠴᠣᠭᠪᠠᠭᠠᠲᠦᠷ ᠢ᠋ ᠣᠨᠣᠭᠠᠭᠰᠠᠨ ᠦᠭᠡ ᠪᠣᠯᠵᠠᠢ᠃ ᠵᠣᠳᠪᠠ ᠶ᠋ᠢᠨ ᠤᠬᠠᠭᠠᠯᠠᠭᠰᠠᠨ ᠤᠷᠠᠨ ᠬᠣᠩᠰᠢᠶᠠᠷ ᠠ᠋ᠴᠠ ᠤᠷᠤᠰᠤᠭᠰᠠᠨ ᠦᠭᠡ ᠭᠠᠩᠭᠠᠩ ᠵᠠᠩ ᠲᠠᠢ ᠴᠣᠭᠪᠠᠭᠠᠲᠦᠷ ᠦ᠋ᠨ ᠰᠡᠳᠬᠢᠯ ᠦ᠋ᠨ ᠵᠠᠭᠠᠲᠤᠨᠠᠭ᠎ᠠ ᠶ᠋ᠢ ᠬᠥᠳᠡᠯᠭᠡᠵᠦ᠂ ᠰᠠᠨᠠᠭᠠᠨ ᠳ᠋ᠤᠨᠢ ᠶᠠᠪ ᠴᠠᠪ ᠲᠣᠬᠢᠷᠠᠭᠰᠠᠨ ᠢ᠋ ᠬᠡᠯᠡᠬᠦ ᠶᠠᠭᠤᠨ⁈  ᠲᠡᠷᠡ ᠪᠡᠷ ᠡᠨᠡ ᠬᠦ᠌ ᠬᠡᠦᠬᠡᠨ ᠬᠣᠩᠭᠣᠷ ᠨᠠᠰᠤᠨ ᠤ᠋ ᠪᠠᠯᠲᠤ ᠴᠣᠮᠣᠷᠯᠢᠭ ᠢ᠋ᠶ᠋ᠠᠷ ᠮᠢᠰᠢᠶᠡᠭᠰᠡᠨ ᠮᠠᠨᠣᠬᠤᠸᠠᠷ ᠤ᠋ᠨ ᠵᠢᠰᠦ ᠴᠢᠷᠠᠢ᠂ ᠪᠡᠶ᠎ᠡ ᠭᠠᠯᠪᠢᠷ ᠲᠤᠨᠢ ᠠᠷᠭ᠎ᠠ ᠦᠭᠡᠢ ᠰᠣᠭᠲᠣᠭᠤᠷᠠᠵᠤ ᠪᠠᠢᠯ᠎ᠠ᠃ 
       ᠮᠠᠨᠤᠬᠤᠸᠠᠷ ᠥᠬᠢᠨ ᠦ᠌ ᠪᠠᠷ᠎ᠠ ᠪᠠᠷ ᠭᠣᠣᠯ ᠭᠡᠷ ᠤᠷᠤᠭᠤ ᠶᠠᠭᠠᠷᠠᠪᠴᠢᠯᠠᠨ ᠠᠯᠬᠤᠭᠰᠠᠨ ᠴᠣᠭᠪᠠᠭᠠᠲᠦᠷ ᠦ᠋ᠨ ᠠᠷᠤ ᠠ᠋ᠴᠠ ᠬᠠᠷᠠᠵᠤ ᠰᠠᠭᠤᠭᠰᠠᠨ ᠡᠯᠳᠡᠩᠭᠡ ᠳᠣᠲᠣᠷ᠎ᠠ ᠪᠠᠨ《ᠥᠨᠥᠳᠥᠷ ᠴᠢ ᠮᠢᠨᠦ ᠨᠢᠳᠦᠨ ᠦ᠌ ᠡᠮᠦᠨ᠎ᠡ ᠢᠩᠭᠢᠵᠦ ᠰᠦᠷᠡᠬᠡᠢ ᠰᠡᠭᠡᠷᠯᠡᠭᠦᠦ ① ᠵᠠᠩᠨᠠᠬᠤ ᠴᠢᠨᠢ ᠴᠤ᠌ ᠭᠠᠢᠭᠤᠢ!》 ᠭᠡᠳ ᠭᠠᠷ ᠳᠠᠬᠢ ᠭᠠᠨᠵᠤᠭᠠᠨ ᠤ᠋ ᠨᠠᠷᠢᠨ ᠰᠤᠷ ᠢ᠋ ᠪᠠᠬᠠᠳᠤᠵᠤ ᠰᠢᠪᠲᠤᠷᠠᠭᠠᠳ᠄ 
       — ᠭᠠᠤᠯᠢᠨ ᠳᠥᠷᠥᠭᠡ ᠲᠡᠢ ᠰᠠᠩᠬᠠᠶᠤᠤ ᠭᠥᠯᠢᠮ ᠳ᠋ᠡᠭᠡᠨ ᠨᠠᠢ᠍ᠮᠠᠨ ᠨᠠᠢ᠍ᠮᠠᠨ ᠰᠤᠭᠰᠤᠷᠤᠭ᠎ᠠ ᠭᠠᠨᠵᠤᠭ᠎ᠠ ᠪᠠᠷ ᠴᠢᠮᠡᠭᠯᠡᠬᠦ ᠳ᠋ᠦ᠍ ᠲᠠᠵᠢ ᠦᠭᠡᠢ ᠶᠠᠭᠤᠮ᠎ᠠ ᠪᠣᠯᠬᠤ ᠨᠢ ᠠ᠋! ᠭᠡᠳ ᠠᠳᠤᠭᠤᠨ ᠤ᠋ ᠬᠥᠮᠦᠨ ᠲᠡᠢ ᠪᠡᠨ ᠴᠢᠳᠥᠷ ᠦ᠋ᠨ ᠰᠤᠷ ᠬᠠᠮᠵᠢᠵᠤ ᠵᠦᠰᠦᠪᠡ᠃
       — ᠵᠢᠭᠠᠬᠠᠨ ᠲᠦᠭᠦᠬᠡᠢ ᠴᠢᠮᠥᠭᠡ ᠲᠡᠢ ᠴᠢᠳᠥᠷ ᠮᠤᠰᠬᠢᠬᠤ ᠶᠤᠮ ᠠ᠋!  ᠬᠠᠯᠲᠠᠷ ᠦᠷᠢᠶ᠎ᠡ ᠭᠡᠵᠦ ᠴᠢᠳᠥᠷ ᠲᠡᠭᠡᠨ ᠬᠠᠯᠠᠲᠠᠢ ᠶ᠋ᠢ ᠨᠢ ᠶᠠᠭᠠᠬᠢᠶ᠎ᠠ᠃ ᠥᠴᠥᠭᠡᠳᠦᠷ ᠪᠤᠷᠤᠭᠤ ᠲᠠᠯ᠎ᠠ ᠶ᠋ᠢᠨ ᠬᠢᠨᠢ ᠴᠢᠳᠥᠷ ᠦ᠋ᠨ ᠠᠯᠠᠭ᠎ᠠ ᠪᠠᠰᠠ ᠯᠠ ᠲᠠᠰᠤᠷᠠᠪᠠ ᠭᠡᠵᠦ ᠠᠳᠤᠭᠤᠨ ᠤ᠋ ᠬᠥᠮᠦᠨ ᠢᠳᠡᠭᠡ ᠲᠣᠰᠣ ᠳᠠᠭᠠᠭᠠᠭᠰᠠᠨ ᠰᠠᠢᠬᠠᠨ ᠰᠢᠷᠠᠩᠭᠤᠢ ᠰᠤᠷ ᠳᠡᠯᠭᠡᠵᠦ ᠴᠢᠳᠥᠷ ᠮᠤᠰᠬᠢᠬᠤ ᠳ᠋ᠤᠨᠢ ᠡᠯᠳᠡᠩᠭᠡ᠂ ᠤᠯᠠᠭᠠᠨ ᠰᠤᠬᠠᠢ ᠵᠣᠷᠭᠣᠨ ᠴᠢᠳᠥᠷ ᠦ᠋ᠨ ᠬᠢᠮᠤᠰᠤ ᠵᠠᠰᠠᠵᠤ᠄ 
       — ᠰᠤᠷ ᠴᠢᠳᠥᠷ ᠲᠦ᠍ ᠪᠣᠭᠣᠭᠳᠠᠳᠠᠭ ᠦᠭᠡᠢ ᠶᠠᠮᠠᠷ ᠬᠠᠮᠢᠭᠠᠰᠢ ᠪᠠᠨ ᠠᠳᠤᠭᠤᠰᠤ ᠪᠣᠢ? ᠠᠯᠢ ᠪᠠᠢᠵᠠ! ᠲᠡᠮᠦᠷ ᠭᠢᠨᠵᠢ ᠪᠡᠷ ᠴᠢᠮᠥᠭᠡᠯᠡᠶ᠎ᠡ ᠭᠡᠳ ᠪᠠᠷᠠᠭᠠᠨ ᠤ᠋ ᠭᠡᠷ ᠦ᠋ᠨ ᠰᠠᠷᠠᠪᠴᠢᠨ ᠠ᠋ᠴᠠ ᠡᠯᠭᠦᠭᠡᠰᠦᠲᠡᠢ ᠲᠡᠮᠦᠷ ᠭᠢᠨᠵᠢ ᠶ᠋ᠢ ᠠᠪᠴᠢᠷᠠᠵᠤ ᠠᠳᠤᠭᠤᠨ ᠤ᠋ ᠬᠥᠮᠦᠨ ᠦ᠌ ᠡᠮᠦᠨ᠎ᠡ ᠬᠠᠷᠴᠢᠭᠢᠨᠠᠲᠠᠯ᠎ᠠ ᠰᠢᠳᠡᠪᠡ᠃ 
       — ᠡᠨᠡ ᠬᠠᠷᠢᠨ ᠪᠣᠯᠬᠤ ᠡᠳ᠋ ᠪᠠᠢᠨ᠎ᠠ! ᠭᠡᠵᠦ ᠠᠳᠤᠭᠤᠨ ᠤ᠋ ᠬᠥᠮᠦᠨ ᠡᠯᠳᠡᠩᠭᠡ ᠶ᠋ᠢᠨ ᠠᠶ᠎ᠠ ᠶ᠋ᠢ ᠳᠠᠭᠠᠭᠤᠯᠵᠤ ᠬᠡᠯᠡᠭᠡᠳ ᠥᠨᠥᠬᠢ ᠴᠢᠳᠥᠷ ᠦ᠋ᠨ ᠲᠡᠮᠦᠷ ᠭᠢᠨᠵᠢ ᠶ᠋ᠢ ᠡᠷᠭᠢᠭᠦᠯᠵᠦ ᠤᠷᠪᠠᠭᠤᠯᠤᠨ ᠪᠠᠬᠠᠳᠤᠨ᠎ᠠ᠃ 
       — ᠬᠡᠩ! ᠶᠠᠮᠠᠷ ᠴᠤ᠌ ᠳᠠ! ᠬᠥᠮᠦᠨ ᠦ᠌ ᠡᠷᠬᠡᠰᠢᠶᠡᠯ ᠳ᠋ᠦ᠍ ᠣᠷᠣᠳᠠᠭ ᠦᠭᠡᠢ ᠠᠳᠤᠭᠤᠰᠤ ᠭᠡᠵᠦ ᠬᠠᠮᠢᠭ᠎ᠠ ᠪᠠᠢᠬᠤ ᠪᠣᠢ⁈ ᠡᠯᠵᠢᠭᠡ ᠮᠣᠳᠣᠨ ᠬᠤᠳᠠᠷᠭ᠎ᠠ ᠳ᠋ᠠᠭᠠᠨ ᠭᠡᠳᠡᠭ ᠢ᠋ᠶ᠋ᠡᠷ ᠲᠡᠮᠦᠷ ᠭᠢᠨᠵᠢ ᠪᠡᠷ ᠴᠢᠮᠥᠭᠡᠯᠡᠭᠰᠡᠨ ᠴᠢᠳᠥᠷ ᠲᠡᠰᠳᠡᠭ ᠦᠭᠡᠢ ᠪᠣᠯ ᠴᠢᠮᠠᠢ᠍ᠢ᠍ ᠬᠠᠩᠭᠠᠯ ᠭᠦᠶᠦᠯᠭᠡᠶ᠎ᠡ᠁ ᠭᠡᠵᠦ ᠡᠯᠳᠡᠩᠭᠡ ᠬᠠᠯᠲᠠᠷ ᠦᠷᠢᠶ᠎ᠡ ᠶ᠋ᠢ ᠴᠤ᠌ ᠶᠤᠮ ᠤᠤ? ᠡᠰᠡᠪᠡᠰᠦ ᠬᠡᠨ ᠨᠢᠭᠡ ᠬᠥᠮᠦᠨ ᠢ᠋ ᠵᠥᠭᠡᠬᠦ ᠰᠢᠭ ᠶᠠᠭᠤᠮ᠎ᠠ ᠳᠦᠳᠦᠨᠡᠵᠦ ᠪᠠᠢᠪᠠ᠃ 
       ᠴᠣᠭᠪᠠᠭᠠᠲᠦᠷ᠂ ᠡᠯᠳᠡᠩᠭᠡ ᠶ᠋ᠢ ᠳᠡᠮᠡᠢ ᠴᠤ᠌ ᠶᠠᠭᠤᠮ᠎ᠠ ᠡᠰᠡ ᠪᠣᠯᠭᠠᠨ ᠵᠥᠪᠬᠡᠨ ᠠᠮᠤᠷ ᠠᠰᠠᠭᠤᠭᠰᠠᠨ ᠲᠡᠳᠦᠢ ᠴᠠᠭᠠᠰᠢ ᠶᠠᠪᠤᠩᠭᠠᠨ《ᠴᠢ ᠮᠢᠨᠦ ᠡᠴᠢᠭᠡ ᠶ᠋ᠢᠨ ᠰᠢᠨᠳᠠᠰᠤ ᠶ᠋ᠢ ᠦᠵᠡᠭᠰᠡᠨ ᠪᠣᠯ ᠪᠢ ᠴᠢᠨᠦ ᠠᠴᠢ ᠥᠬᠢᠨ ᠦ᠌ ᠴᠣᠴᠢᠭ᠎ᠠ ᠶ᠋ᠢ ᠭᠠᠷᠭᠠᠨ᠎ᠠ ᠳᠠ》 ᠭᠡᠵᠦ ᠡᠯᠳᠡᠩᠭᠡ ᠶ᠋ᠢ ᠮᠠᠭᠤ ᠦᠵᠡᠵᠦ ᠳᠠᠷᠤᠯᠠᠨ ᠶᠡᠬᠡ  ᠣᠯᠵᠠᠷᠬᠠᠯ᠎ᠠ ᠭᠡᠵᠦ ᠰᠠᠨᠠᠭᠰᠠᠨ ᠢ᠋ᠶ᠋ᠠᠨ ᠬᠠᠷᠢᠨ ᠬᠠᠰᠢᠷ ᠠᠩᠴᠢᠨ ᠡᠯᠳᠡᠩᠭᠡ ᠶ᠋ᠢᠨ ᠪᠤᠯᠠᠭᠰᠠᠨ ᠬᠠᠪᠬᠠᠨ ᠳ᠋ᠤ᠌ ᠬᠣᠶᠠᠷ ᠬᠥᠯ ᠢ᠋ᠶ᠋ᠡᠨ ᠬᠠᠪᠴᠢᠭᠤᠯᠵᠤ ᠡᠪᠡᠳᠬᠦ ᠪᠡᠨ ᠮᠡᠳᠡᠳᠡᠭ ᠦᠭᠡᠢ ᠨᠢ ᠴᠣᠭᠪᠠᠭᠠᠲᠦᠷ ᠥᠪᠡᠷ ᠢ᠋ᠶ᠋ᠡᠨ ᠪᠠᠢᠵᠠᠢ᠃ ᠡᠭᠦᠨ ᠢ᠋ᠶ᠋ᠡᠨ ᠮᠡᠳᠡᠬᠦ ᠦᠭᠡᠢ《ᠡᠴᠢᠭᠡ ᠶ᠋ᠢᠨ ᠬᠦᠦ ᠰᠠᠶᠢ ᠢᠩᠭᠢᠵᠦ ᠴᠢᠳᠠᠨ᠎ᠠ》 ᠭᠡᠵᠦ ᠤᠬᠠᠭᠠᠨ ᠴᠢᠳᠠᠯ ᠳ᠋ᠠᠭᠠᠨ ᠪᠠᠷᠠᠳᠠᠨ ᠬᠠᠮᠢᠭ᠎ᠠ ᠣᠴᠢᠭᠰᠠᠨ ᠭᠠᠵᠠᠷ ᠲᠤ ᠠᠷᠢᠬᠢᠨ ᠳ᠋ᠤ᠌ ᠰᠣᠭᠲᠣᠭᠠᠳ ᠲᠡᠭᠡᠵᠦ ᠠᠭᠰᠤᠮᠨᠠᠵᠤ ᠶᠠᠪᠤᠳᠠᠭ ᠢ᠋ ᠬᠡᠨ ᠪᠠᠢᠭ ᠭᠡᠬᠦ ᠪᠣᠢ⁈ ᠡᠨᠡ ᠴᠠᠭ ᠲᠤ ᠬᠥᠨᠳᠡᠯᠡᠨ ᠦ᠌ ᠬᠥᠮᠦᠰ ᠴᠣᠭᠪᠠᠭᠠᠲᠦᠷ ᠦ᠋ᠨ ᠡᠷᠬᠡ ᠰᠦᠷ ᠲᠦ᠍ ᠠᠶ᠎ᠠ ᠶ᠋ᠢ ᠨᠢ ᠳᠠᠭᠠᠭᠤᠯᠵᠤ ᠭᠦᠪᠢᠬᠦ ᠡᠴᠡ ᠪᠢᠰᠢ ᠰᠥᠷᠴᠦ ᠬᠡᠯᠡᠬᠦ ᠬᠥᠮᠦᠨ᠂ ᠬᠡᠨ ᠪᠠᠢᠨ᠎ᠠ? ᠬᠠᠶᠠ ᠨᠢᠭᠡ ᠬᠣᠶᠠᠷ ᠡᠯᠳᠡᠩᠭᠡ ᠶ᠋ᠢᠨ ᠲᠠᠯ᠎ᠠ ᠳ᠋ᠤ᠌ ᠬᠡᠯᠪᠡᠢᠵᠦ《ᠶᠣᠰᠣᠲᠠᠢ ᠠᠭᠠᠷᠤ ᠲᠠᠢ ᠰᠦᠨ ᠳ᠋ᠦ᠍ᠨᠢ ᠬᠣᠷᠭᠣᠯ ᠴᠠᠴᠤᠵᠤ᠂ ᠠᠮᠢᠳᠤ ᠬᠥᠮᠦᠨ ᠦ᠌ ᠨᠢᠳᠦᠨ ᠳ᠋ᠦ᠍ ᠬᠤᠷᠤᠭᠤ ᠪᠠᠨ ᠬᠢᠭᠰᠡᠨ ᠶᠠᠪᠤᠳᠠᠯ》 ᠭᠡᠵᠦ ᠴᠣᠭᠪᠠᠭᠠᠲᠦᠷ ᠢ᠋ ᠳᠠᠯᠳᠠᠭᠤᠷ ᠦᠵᠡᠨ ᠶᠠᠳᠠᠵᠤ ᠬᠡᠯᠡᠬᠦ ᠡᠴᠡ ᠴᠠᠭᠠᠰᠢ ᠦᠭᠡᠢ᠃ ᠡᠨᠡ ᠴᠠᠭ ᠦᠶ᠎ᠡ ᠶ᠋ᠢᠨ ᠬᠥᠮᠦᠰ ᠱᠣᠭᠲᠠᠢ᠃ ᠴᠠᠭ ᠲᠥᠷᠥ ᠶ᠋ᠢᠨ ᠥᠩᠭᠡ ᠪᠡᠷ ᠰᠡᠳᠬᠢᠯ ᠨᠠᠢᠭᠤᠨ《ᠴᠣᠭᠪᠠᠭᠠᠲᠦᠷ ᠦ᠋ᠨ ᠪᠡᠶ᠎ᠡ ᠳᠡᠭᠡᠷᠡᠬᠢ ᠪᠥᠭᠡᠰᠦ ᠨᠢ ᠬᠦᠷᠲᠡᠯ᠎ᠡ ᠳᠠᠪᠬᠤᠷ᠎ᠠ ᠨᠢᠳᠦᠲᠡᠢ》 ᠭᠡᠵᠦ ᠬᠤᠵᠢᠷ ᠳᠣᠯᠢᠶᠠᠭᠰᠠᠨ ᠢᠮᠠᠭ᠎ᠠ ᠰᠢᠭ᠋ ᠳᠤᠷ᠎ᠠ ᠪᠠᠷ ᠢ᠋ᠶ᠋ᠠᠨ ᠲᠤᠷᠭᠢᠬᠤ ᠶ᠋ᠢ ᠬᠡᠨ ᠶᠠᠭᠤ ᠭᠡᠬᠦ ᠪᠣᠢ?  ᠡᠨᠡ ᠶᠡᠬᠡ ᠭᠤᠲᠤᠭᠠᠯ᠎ ᠳᠣᠷᠣᠮᠵᠢᠯᠠᠯ ᠢ᠋ ᠬᠦᠯᠢᠴᠡᠵᠦ ᠴᠢᠳᠠᠳᠠᠭ ᠡᠷ᠎ᠡ ᠬᠥᠮᠦᠨ ᠦ᠌ ᠨᠢᠭᠡ ᠪᠣᠯ ᠡᠯᠳᠡᠩᠭᠡ ᠪᠠᠢᠵᠠᠢ᠃ ᠥᠪᠡᠷ ᠢ᠋ᠶ᠋ᠡᠨ ᠳᠤᠷᠠᠲᠠᠢ ᠳ᠋ᠠᠭᠠᠨ ᠣᠭᠣᠴᠢᠵᠤ ᠵᠠᠯᠭᠢᠯᠠᠭᠰᠠᠨ ᠭᠠᠰᠢᠭᠤᠨ ᠨᠡᠷᠡᠮᠡᠯ ᠢ᠋ ᠭᠠᠰᠢᠭᠤᠨ ᠭᠡᠵᠦ ᠶᠠᠭᠤᠨ ᠳ᠋ᠠᠭᠠᠨ ᠢᠷᠪᠠᠢᠬᠤ ᠪᠣᠢ? ᠨᠢᠳᠦ ᠪᠡᠨ ᠠᠨᠢᠭᠠᠳ ᠵᠠᠯᠭᠢᠬᠤ ᠠ᠋ᠴᠠ᠃ ᠡᠯᠳᠡᠩᠭᠡ ᠶ᠋ᠢᠨ ᠠᠮᠢᠳᠤᠷᠠᠯ ᠤ᠋ᠨ ᠬᠠᠷᠭᠤᠢ ᠳ᠋ᠤ᠌ ᠶᠠᠭᠤ ᠡᠰᠡ ᠲᠣᠬᠢᠶᠠᠯᠳᠤᠪᠠ? ᠡᠨᠡ ᠵᠡᠷᠭᠡ ᠶ᠋ᠢᠨ ᠭᠡᠷ ᠵᠠᠭᠤᠷᠬᠢ ᠶᠠᠯᠢ ᠦᠭᠡᠢ ᠤᠴᠢᠷ ᠲᠡᠭᠦᠨ ᠳ᠋ᠦ᠍ ᠶᠠᠭᠤ ᠪᠣᠯᠬᠤ ᠪᠣᠢ? ᠳᠠᠪᠤᠰᠤ ᠨᠢ ᠶᠡᠬᠡᠳᠦᠭᠰᠡᠨ ᠱᠣᠷᠪᠣᠭ ᠴᠠᠢ ᠠᠮᠰᠠᠭᠰᠠᠨ ᠲᠡᠳᠦᠢ ᠯᠡ᠃  ᠡᠨᠡ ᠲᠤᠬᠠᠢ ᠲᠠᠢ ᠡᠯᠳᠡᠩᠭᠡ ᠥᠩᠭᠡᠨ ᠳᠡᠭᠡᠷ᠎ᠡ ᠪᠡᠨ ᠴᠣᠭᠪᠠᠭᠠᠲᠦᠷ ᠢ᠋ ᠬᠠᠯᠳᠠᠵᠤ ᠴᠢᠳᠠᠬᠤ ᠦᠭᠡᠢ ᠡᠷᠭᠢᠭᠡᠳ ᠳᠣᠯᠳᠣᠢᠳᠬᠤ ᠣᠪᠣᠷ ᠢ᠋ᠶ᠋ᠠᠷ ᠨᠠᠭᠠᠰᠢ ᠬᠠᠷᠠᠵᠤ ᠢᠨᠢᠶᠡᠨ ᠴᠠᠭᠠᠰᠢ ᠬᠠᠷᠠᠨ ᠵᠣᠪᠠᠨᠢᠵᠤ᠂ ᠦᠵᠡᠭᠰᠡᠨ ᠢ᠋ᠶ᠋ᠡᠨ ᠦᠵᠡᠭᠰᠡᠨ ᠦᠭᠡᠢ ᠪᠠᠯᠠᠢ᠂ ᠰᠣᠨᠣᠰᠤᠭᠰᠠᠨ ᠢ᠋ᠶ᠋ᠠᠨ ᠰᠣᠨᠣᠰᠤᠭᠰᠠᠨ ᠦᠭᠡᠢ ᠳᠦᠯᠡᠢ᠂ ᠮᠡᠳᠡᠭᠰᠡᠨ ᠢ᠋ᠶ᠋ᠡᠨ ᠮᠡᠳᠡᠭᠰᠡᠨ ᠦᠭᠡᠢ ᠮᠡᠨᠡᠭ ᠲᠣᠯᠣᠭᠠᠢᠯᠠᠬᠤ ᠦᠭᠡᠢ ᠪᠠᠢᠬᠤ ᠶ᠋ᠢᠨ ᠠᠷᠭ᠎ᠠ ᠦᠭᠡᠢ᠃ 
       ᠴᠣᠭᠪᠠᠭᠠᠲᠦᠷ ᠮᠠᠨᠤᠬᠤᠸᠠᠷ ᠬᠣᠶᠠᠷ ᠶᠡᠬᠡ ᠭᠡᠷ ᠡᠴᠡ ᠭᠠᠷᠴᠤ ᠡᠷᠭᠢᠭᠡᠳ ᠮᠠᠨᠤᠬᠤᠸᠠᠷ ᠤ᠋ᠨ ᠰᠠᠭᠤᠳᠠᠭ ᠥᠷᠥᠭᠡ ᠤᠷᠤᠭᠤ ᠲᠠᠭᠠᠯᠴᠠᠵᠤ ᠣᠷᠣᠭᠰᠠᠨ ᠢ᠋ ᠬᠠᠷᠠᠭᠠᠳ《ᠮᠠᠨᠴᠤᠷᠭ᠎ᠠ ᠶ᠋ᠢᠨ ᠡᠵᠡᠭᠦᠢ ᠳ᠋ᠦ᠍ ᠴᠢ ᠥᠬᠢᠨ ᠢ᠋ ᠨᠢ ᠢᠩᠭᠢᠵᠦ᠁》 ᠭᠡᠵᠦ ᠪᠣᠳᠣᠭᠰᠠᠨ ᠡᠯᠳᠡᠩᠭᠡ ᠥᠨᠥᠬᠢ ᠴᠢᠳᠥᠷ ᠦ᠋ᠨ ᠲᠡᠮᠦᠷ ᠭᠢᠨᠵᠢ ᠶ᠋ᠢ ᠡᠷᠭᠢᠭᠦᠯᠵᠦ ᠤᠷᠪᠠᠭᠤᠯᠤᠨ ᠬᠠᠷᠴᠢᠭᠢᠨᠠᠭᠤᠯᠤᠭᠠᠳ ᠠᠳᠤᠭᠤᠨ ᠤ᠋ ᠬᠥᠮᠦᠨ ᠳ᠋ᠡᠭᠡᠨ《ᠢᠩᠭᠢ ᠴᠢᠩᠭᠢ》 ᠭᠡᠵᠦ ᠵᠠᠬᠢᠭᠠᠳ ᠪᠣᠰᠴᠤ ᠶᠠᠪᠤᠨ ᠲᠣᠭᠣᠭᠠᠨ ᠤ᠋ ᠭᠡᠷ ᠵᠦᠭ ᠣᠴᠢᠵᠤ᠄ 
       — ᠴᠣᠬ᠊᠂ ᠨᠣᠶᠠᠨ ᠵᠠᠯᠠᠷᠠᠵᠤ ᠪᠠᠭᠤᠯ᠎ᠠ ᠳᠠ᠂ ᠲᠠᠨᠤᠰ ᠮᠢᠨᠢ ᠣᠯᠢᠭᠲᠠᠢᠬᠠᠨ ᠴᠠᠢ ᠬᠣᠭᠣᠯᠠ ᠪᠠᠵᠠᠭ᠎ᠠ! ᠭᠡᠵᠦ ᠭᠠᠯ ᠲᠣᠭᠣᠭᠠᠨ ᠤ᠋ ᠬᠥᠮᠦᠰ ᠲᠡᠭᠡᠨ ᠦᠭᠡ ᠦᠯᠡᠳᠡᠭᠡᠭᠡᠳ ᠮᠣᠷᠢ ᠪᠠᠨ ᠡᠮᠡᠭᠡᠯᠯᠡᠵᠦ᠂ ᠦᠬᠡᠷ ᠠᠳᠤᠭᠤ᠁ ᠭᠡᠮᠡᠨ ᠰᠢᠯᠲᠠᠭᠯᠠᠵᠤ ᠪᠡᠶ᠎ᠡ ᠰᠡᠯᠡᠭᠦᠯᠡᠪᠡ᠃ 
       ᠡᠯᠳᠡᠩᠭᠡ ᠴᠣᠭᠪᠠᠭᠠᠲᠦᠷ ᠢ᠋ ᠢᠷᠡᠬᠦ ᠪᠣᠯᠭᠠᠨ ᠢᠩᠭᠢᠳᠡᠭ ᠨᠢ ᠵᠤᠷᠰᠢᠯ ᠪᠣᠯᠵᠠᠢ᠃ 
       ᠴᠣᠭᠪᠠᠭᠠᠲᠦᠷ ᠭᠣᠣᠯ ᠭᠡᠷ ᠲᠦ᠍ ᠣᠷᠣᠵᠤ ᠣᠴᠢᠬᠤ ᠳ᠋ᠤ᠌ ᠮᠠᠨᠤᠬᠤᠸᠠᠷ ᠭᠦᠩᠭᠠᠷᠠᠪᠠ ᠶ᠋ᠢᠨ ᠠᠷᠤ ᠪᠠᠷ ᠨᠢᠭᠤᠴᠢᠬᠠᠭᠰᠠᠨ ᠪᠠᠢᠯ᠎ᠠ᠃ ᠬᠡᠦᠬᠡᠳ ᠦ᠋ᠨ ᠶᠠᠯᠢ ᠦᠭᠡᠢ ᠤᠬᠠᠭᠠᠨ ᠢ᠋ᠶ᠋ᠠᠷ ᠮᠠᠨᠤᠬᠤᠸᠠᠷ ᠥᠬᠢᠨ ᠴᠣᠭᠪᠠᠭᠠᠲᠦᠷ ᠨᠣᠶᠠᠨ ᠠ᠋ᠴᠠ ᠪᠢᠰᠢᠭᠦᠷᠬᠡᠵᠦ ᠭᠦᠩᠭᠠᠷᠠᠪᠠ ᠶ᠋ᠢᠨ ᠠᠷᠤ ᠪᠠᠷ ᠬᠡᠦᠬᠡᠳ ᠨᠢᠭᠤᠯᠴᠠᠭᠠᠵᠤ ᠨᠠᠭᠠᠳᠬᠤ ᠰᠢᠭ᠋ ᠪᠡᠶ᠎ᠡ ᠳᠠᠯᠳᠠᠯᠠᠭᠰᠠᠨ ᠢ᠋ ᠴᠣᠭᠪᠠᠭᠠᠲᠦᠷ ᠦ᠋ᠨ ᠨᠢᠳᠦ ᠶᠠᠭᠤ ᠠᠨᠳᠠᠬᠤ ᠪᠣᠢ! ᠰᠢᠭᠤᠳ ᠶᠠᠪᠤᠵᠤ ᠭᠦᠩᠭᠠᠷᠠᠪᠠ ᠶ᠋ᠢᠨ ᠠᠷᠤ ᠳ᠋ᠤ᠌ ᠪᠣᠭᠵᠣᠢᠭᠰᠠᠨ ᠮᠠᠨᠤᠬᠤᠸᠠᠷ ᠤ᠋ᠨ ᠳᠡᠭᠡᠷ᠎ᠡ ᠡᠴᠡ ᠥᠩᠭᠡᠢᠬᠦ ᠳ᠋ᠦ᠍ ᠮᠠᠨᠤᠬᠤᠸᠠᠷ ᠴᠣᠷᠣᠢᠨ ᠪᠣᠰᠴᠤ《ᠠᠢᠰᠢ》 ᠭᠡᠵᠦ ᠭᠠᠷ ᠰᠡᠷᠪᠡᠢᠨ ᠴᠣᠭᠪᠠᠭᠠᠲᠦᠷ ᠢ᠋ ᠵᠣᠷᠢᠭᠤᠳᠠ ᠠᠶᠤᠯᠭᠠᠭᠰᠠᠨ ᠳ᠋ᠤ᠌ ᠴᠣᠭᠪᠠᠭᠠᠲᠦᠷ ᠲᠡᠭᠦᠨ ᠦ᠌ ᠠᠮᠠ ᠶ᠋ᠢ ᠲᠠᠭᠯᠠᠬᠤ ᠰᠢᠭ᠋ ᠶᠠᠭᠤᠮ᠎ᠠ ᠪᠣᠯᠵᠤ᠄ 
       — ᠬᠥᠱ᠂ ᠴᠢᠮᠡᠭᠡ ᠦᠭᠡᠢ ᠪᠠᠢ᠃ ᠪᠤᠷᠬᠠᠨ ᠭᠦᠩᠭᠠᠷᠠᠪᠠ ᠶ᠋ᠢᠨ ᠳᠡᠷᠭᠡᠳᠡ ᠢᠩᠭᠢᠵᠦ ᠮᠠᠭᠤᠬᠠᠢ ᠳᠦᠷᠰᠦ ᠦᠭᠡᠢᠳᠡᠳᠡᠭ ᠦᠭᠡᠢ ᠶᠦᠮ ᠭᠡᠰᠡᠨ ᠳ᠋ᠦ᠍ ᠮᠠᠨᠤᠬᠤᠸᠠᠷ ᠥᠬᠢᠨ ᠪᠤᠷᠤᠭᠤᠳᠠᠭᠰᠠᠨ ᠢ᠋ᠶ᠋ᠠᠨ ᠮᠡᠳᠡᠵᠦ ᠬᠡᠯᠡ ᠪᠡᠨ ᠭᠠᠷᠭᠠᠵᠤ ᠬᠣᠶᠠᠷ ᠪᠢᠲᠡᠭᠦᠦ ᠪᠡᠷ ᠠᠮᠠ ᠪᠠᠨ ᠪᠢᠲᠡᠭᠦᠯᠡᠨ ᠲᠠᠭᠯᠠᠪᠠ᠃ ᠲᠡᠭᠦᠨ ᠦ᠌ ᠢᠩᠭᠢᠵᠦ ᠬᠡᠦᠬᠡᠳ ᠦ᠋ᠨ ᠴᠠᠭᠠᠯᠬᠠᠢ ᠵᠠᠩ ᠢ᠋ᠶ᠋ᠠᠷ ᠳᠦᠷᠰᠦ ᠦᠭᠡᠢᠳᠡᠭᠰᠡᠨ ᠨᠢ ᠴᠣᠭᠪᠠᠭᠠᠲᠦᠷ ᠲᠦ᠍ ᠤᠯᠠᠮ ᠳᠡᠭᠵᠢᠨ ᠬᠥᠭᠡᠷᠦᠬᠦᠨ ᠬᠠᠷᠠᠭᠳᠠᠭᠰᠠᠨ ᠳ᠋ᠤ᠌ ᠴᠣᠭᠪᠠᠭᠠᠲᠦᠷ ᠮᠠᠨᠤᠬᠤᠸᠠᠷ ᠢ᠋ ᠴᠣᠴᠢᠮᠠᠭ ᠳᠠᠪᠡᠷᠢᠵᠤ ᠠᠪᠤᠨ ᠦᠨᠦᠰᠬᠦ ᠭᠡᠰᠡᠨ ᠳ᠋ᠦ᠍ ᠮᠠᠨᠤᠬᠤᠸᠠᠷ᠄ 
       — ᠬᠥᠱ ᠲᠣᠮᠣᠭ᠎ᠠ ᠲᠠᠢ ᠪᠠᠢ᠃ ᠪᠤᠷᠬᠠᠨ ᠭᠦᠩᠭᠠᠷᠠᠪᠠ ᠶ᠋ᠢᠨ ᠳᠡᠷᠭᠡᠳᠡ ᠢᠩᠭᠢᠵᠦ ᠳᠦᠷᠰᠦ ᠦᠭᠡᠢᠳᠡᠳᠡᠭ ᠦᠭᠡᠢ ᠶᠦᠮ᠁ ᠭᠡᠵᠦ ᠲᠡᠭᠦᠨ ᠢ᠋ ᠲᠦᠯᠬᠢᠵᠦ ᠵᠠᠢᠯᠠᠭᠤᠯᠤᠨ ᠭᠣᠣᠯ ᠭᠡᠷ ᠡᠴᠡ ᠭᠠᠷᠴᠤ ᠶᠠᠪᠤᠭᠰᠠᠨ ᠳ᠋ᠤ᠌ ᠴᠣᠭᠪᠠᠭᠠᠲᠦᠷ ᠴᠤ᠌ ᠲᠡᠭᠦᠨ ᠦ᠌ ᠠᠷᠤ ᠠ᠋ᠴᠠ ᠲᠥᠭᠡ ᠰᠠᠯᠬᠤ ᠦᠭᠡᠢ ᠳᠠᠭᠠᠵᠤ ᠭᠠᠷᠪᠠ᠃ 
       ᠮᠠᠨᠤᠬᠤᠸᠠᠷ ᠥᠪᠡᠷ ᠦ᠋ᠨ ᠬᠣᠨᠣᠳᠠᠭ ᠥᠷᠥᠭᠡᠨ ᠳ᠋ᠡᠭᠡᠨ ᠣᠷᠣᠮᠠᠭᠴᠠ ᠴᠣᠭᠪᠠᠭᠠᠲᠦᠷ ᠨᠣᠶᠠᠨ ᠳ᠋ᠤ᠌ ᠴᠠᠢ ᠠᠶᠠᠭᠠᠯᠠᠬᠤ ᠭᠡᠵᠦ ᠴᠠᠢ ᠶ᠋ᠢᠨ ᠡᠷᠭᠢᠨᠡᠭ ᠲᠠᠢᠰᠢ ᠳᠥᠭᠥᠬᠦ ᠳ᠋ᠦ᠍ ᠴᠣᠭᠪᠠᠭᠠᠲᠦᠷ ᠲᠡᠭᠦᠨ ᠦ᠌ ᠠᠷᠤ ᠠ᠋ᠴᠠ ᠴᠢᠩᠭ᠎ᠠ ᠲᠡᠪᠡᠷᠢᠪᠡ᠃ 
       — ᠪᠠᠢᠵᠠ ᠲᠠ᠂ ᠪᠢ ᠲᠠᠨ ᠳ᠋ᠤ᠌ ᠴᠠᠢ ᠠᠶᠠᠭᠠᠯᠠᠶ᠎ᠠ! 
       — ᠴᠠᠢ ᠤᠤᠭᠤᠬᠤ ᠠ᠋ᠴᠠ ᠴᠢᠮᠠᠶ᠋ᠶ᠋ ᠬᠠᠷᠠᠵᠤ ᠰᠠᠭᠤᠭᠰᠠᠨ ᠨᠢ ᠰᠠᠢᠬᠠᠨ ᠪᠠᠢᠨ᠎ᠠ᠃ 
       — ᠪᠠᠢᠵᠠ ᠳᠠ᠂ ᠡᠪᠦᠭᠡ ᠬᠠᠷᠠᠴᠢᠬᠠᠪᠠᠯ ᠶᠠᠮᠠᠷ ᠮᠠᠭᠤᠬᠠᠢ ᠪᠣᠢ⁈ 
       — ᠡᠪᠦᠭᠡ ᠴᠢᠨᠢ ᠬᠠᠷᠠᠬᠤ ᠦᠭᠡᠢ ᠠ᠋! ᠶᠠᠭᠤ ᠭᠡᠵᠦ ᠬᠠᠷᠠᠳᠠᠭ ᠶᠤᠮ⁈ ᠡᠨᠡᠭᠦᠬᠡᠨ ᠳ᠋ᠡᠭᠡᠨ ᠴᠢ ᠰᠠᠨᠠᠭ᠎ᠠ ᠠᠮᠤᠷ ᠪᠠᠢ᠃ ᠡᠪᠦᠭᠡᠨ ᠲᠤᠰᠠᠯᠠᠭᠴᠢ ᠭᠡᠭᠴᠢ ᠤᠬᠠᠭᠠᠨ ᠳ᠋ᠠᠭᠠᠨ ᠰᠢᠲᠠᠵᠤ ᠬᠠᠰᠢᠷᠵᠢᠭᠰᠠᠨ ᠬᠥᠮᠦᠨ᠃ ᠴᠢ ᠪᠢᠳᠡ ᠬᠣᠶᠠᠷ ᠤ᠋ᠨ ᠤᠬᠠᠭᠠᠨ ᠠ᠋ᠴᠠ ᠬᠡᠳᠦᠨ ᠠᠯᠬᠤᠮ ᠬᠣᠯᠠ ᠬᠠᠷᠠᠢᠵᠤ ᠬᠣᠵᠢᠮ ᠢ᠋ ᠪᠣᠳᠣᠳᠠᠭ ᠲᠠᠭᠠᠨ ᠪᠠᠷᠠᠭᠤᠨ ᠬᠦᠩ ᠦ᠋ᠨ ᠬᠤᠰᠢᠭᠤᠨ ᠳ᠋ᠠᠭᠠᠨ ᠨᠡᠷ᠎ᠡ ᠲᠡᠢ ᠭᠡᠵᠦ ᠴᠣᠭᠪᠠᠭᠠᠲᠦᠷ ᠬᠡᠯᠡᠭᠰᠡᠨ ᠳ᠋ᠦ᠍ ᠮᠠᠨᠤᠬᠤᠸᠠᠷ ᠲᠣᠰᠴᠤ᠄ 
       — ᠲᠡᠭᠡᠭᠡᠳ ᠲᠠ᠂ ᠴᠡᠷᠢᠭ ᠵᠠᠰᠠᠭ ᠤ᠋ᠨ ᠨᠣᠶᠠᠨ ᠬᠥᠮᠦᠨ ᠭᠠᠵᠠᠷ ᠳᠠ᠂ ᠡᠪᠦᠭᠡ ᠲᠡᠢ ᠵᠠᠰᠠᠭ ᠮᠠᠰᠠᠭ ᠤ᠋ᠨ ᠶᠠᠭᠤᠮ᠎ᠠ ᠶᠠᠷᠢᠳᠠᠭ ᠦᠭᠡᠢ ᠤᠤ? ᠭᠡᠵᠦ ᠦᠭᠡᠨ ᠦ᠌ ᠦᠵᠦᠭᠦᠷ ᠰᠡᠯᠳᠡᠭᠦᠯᠦᠭᠰᠡᠨ ᠳ᠋ᠦ᠍ ᠴᠣᠭᠪᠠᠭᠠᠲᠦᠷ᠄ 
       — ᠡᠪᠦᠭᠡᠨ ᠲᠤᠰᠠᠯᠠᠭᠴᠢ ᠮᠠᠨᠤᠰ ᠢ᠋ ᠲᠣᠭᠣᠬᠤ ᠦᠭᠡᠢ ᠳ᠋ᠡᠭᠡᠨ ᠶᠠᠯᠢᠲᠠᠢ ᠶᠠᠭᠤᠮ᠎ᠠ ᠶᠠᠷᠢᠬᠤ ᠦᠭᠡᠢ ᠠ᠋! ᠭᠡᠪᠡ᠃ 
       — ᠲᠠᠨ ᠢ᠋ ᠲᠣᠭᠣᠬᠤ ᠦᠭᠡᠢ ᠴᠤ᠌ ᠭᠡᠵᠦ ᠶᠠᠭᠤ ᠪᠠᠢᠬᠤ ᠪᠣᠢ! ᠬᠠᠷᠢᠨ ᠪᠠᠭ᠎ᠠ ᠬᠠᠲᠤᠨ ᠤ᠋ ᠪᠠᠷᠢᠭᠰᠠᠨ ᠵᠠᠰᠠᠭ ᠢ᠋ ᠲᠣᠭᠣᠳᠠᠭ ᠦᠭᠡᠢ ᠳ᠋ᠡᠭᠡᠨ ᠵᠣᠷᠢᠯᠭ᠎ᠠ ᠲᠠᠢ ᠵᠠᠢᠰ ᠶᠠᠪᠤᠵᠤ ᠭᠡᠷ ᠦ᠋ᠨ ᠪᠠᠷ᠎ᠠ ᠬᠠᠷᠠᠭᠰᠠᠨ ᠬᠥᠮᠦᠨ ᠢ᠋ ᠲᠠᠨᠤᠰ ᠲᠣᠭᠣᠵᠤ ᠦᠵᠡᠬᠦ ᠦᠭᠡᠢ ᠡᠴᠡ ᠪᠢᠰᠢ ᠳᠡ!  ᠵᠠᠰᠠᠭ ᠮᠠᠰᠠᠭ ᠴᠤ᠌ ᠶᠠᠭᠠᠬᠢᠬᠤ ᠪᠣᠢ? ᠲᠡᠭᠡᠷᠮ᠎ᠡ ᠪᠡᠷ ᠪᠣᠳᠣᠪᠠᠯ ᠡᠯᠵᠢᠭᠡ ᠬᠥᠯᠦᠭᠰᠡᠨ ᠴᠤ᠌ ᠡᠷᠭᠢᠨ᠎ᠡ᠂ ᠮᠣᠷᠢ ᠬᠥᠯᠦᠭᠰᠡᠨ ᠴᠤ᠌ ᠡᠷᠭᠢᠨ᠎ᠡ ᠪᠢᠵᠡ! ᠡᠪᠦᠭᠡᠨ ᠲᠤᠰᠠᠯᠠᠭᠴᠢ ᠴᠤ᠌ ᠥᠲᠡᠯᠴᠢᠬᠡᠵᠡᠢ ᠠ᠋᠂《ᠡᠪᠦᠭᠡᠨ ᠰᠢᠪᠠᠭᠤ》 ᠪᠠᠨ ᠭᠢᠩᠰᠢᠭᠰᠡᠨ ᠬᠥᠮᠦᠨ ᠲᠡᠢ ᠶᠠᠭᠤ ᠶᠠᠷᠢᠭᠠᠳ ᠪᠠᠢᠬᠤ ᠪᠣᠢ! ᠭᠡᠳ ᠮᠠᠨᠤᠬᠤᠸᠠᠷ ᠤ᠋ᠨ ᠡᠯᠭᠦᠭᠰᠡᠨ ᠦᠭᠡᠨ ᠦ᠌ ᠰᠡᠳᠦᠪ ᠢ᠋ ᠵᠠᠢᠯᠠᠭᠤᠯᠵᠤ ᠲᠡᠭᠦᠨ ᠢ᠋ ᠥᠬᠥᠭᠡᠷᠳᠡᠨ ᠦᠨᠦᠰᠬᠦ ᠭᠡᠬᠦ ᠳ᠋ᠦ᠍ ᠮᠠᠨᠤᠬᠤᠸᠠᠷ ᠲᠣᠯᠣᠭᠠᠢ ᠪᠠᠨ ᠪᠤᠯᠲᠠᠭᠠᠨᠠᠭᠤᠯᠵᠤ ᠲᠡᠭᠦᠨ ᠦ᠌ ᠠᠶ᠎ᠠ ᠪᠠᠷ ᠥᠭᠳᠡᠭ ᠦᠭᠡᠢ᠃《ᠡᠭᠡᠴᠢ ᠪᠡᠨ ᠪᠣᠳᠣᠪᠠᠯ ᠤᠷᠭ᠎ᠠ ᠬᠠᠪᠢᠳᠠᠭᠤᠯᠳᠠᠭ ᠦᠭᠡᠢ ᠵᠡᠪᠡᠭᠦᠨ ᠣᠷᠣᠭ᠎ᠠ ᠪᠠᠢᠳᠠᠰᠤ ᠶᠤᠮ ᠠ᠋! ᠨᠠᠰᠤᠨᠴᠡᠴᠡᠭ ᠴᠤ᠌ ᠪᠣᠯ ᠪᠠᠰᠠ ᠬᠥᠭᠡᠷᠦᠬᠦᠨ ᠠᠮᠢᠳᠠᠨ᠃ ᠨᠢᠳᠦ ᠪᠡᠷ ᠢ᠋ᠶ᠋ᠡᠨ ᠠᠯᠢᠶᠠᠯᠠᠨ ᠢᠨᠢᠶᠡᠵᠦ ᠡᠷ᠎ᠡ ᠨᠢ ᠡᠵᠡᠭᠦᠢ ᠳ᠋ᠦ᠍ ᠬᠦᠷᠦᠭᠡᠳ ᠣᠴᠢᠬᠤ ᠳ᠋ᠤ᠌ ᠡᠷ᠎ᠡ ᠡᠴᠡ ᠪᠡᠨ ᠢᠯᠡᠭᠦᠦ ᠡᠯᠢᠭᠡᠰᠡᠭ ᠰᠠᠨᠠᠵᠤ᠂ ᠮᠠᠰᠢ ᠬᠠᠨᠤᠭ ᠲᠠᠢ ᠣᠷᠣᠯᠳᠣᠳᠠᠭ ᠪᠦᠰᠡᠭᠦᠢ ᠳᠡ᠁ ᠭᠡᠬᠦ ᠳ᠋ᠦ᠍ ᠬᠡᠳᠦ ᠡᠮᠨᠢᠭ ᠣᠷᠣᠭ᠎ᠠ ᠶᠠᠭᠤᠮᠠᠨ ᠤ᠋ ᠠᠮᠲᠠᠯᠢᠭ ᠢ᠋ ᠶᠠᠭᠠᠬᠢᠵᠤ ᠲᠥᠰᠦᠭᠡᠯᠡᠬᠦ ᠪᠣᠢ!》 ᠭᠡᠳ ᠮᠠᠨᠤᠬᠤᠸᠠᠷ ᠤ᠋ᠨ ᠭᠦᠨ ᠬᠣᠶᠠᠷ ᠬᠤᠨᠳᠠᠭ᠎ᠠ ᠲᠠᠢ ᠪᠤᠯᠪᠠᠷᠠᠢ ᠬᠠᠴᠠᠷ ᠢ᠋ ᠰᠢᠨᠤᠭᠯᠠᠨ ᠦᠨᠦᠰᠦᠨ᠎ᠡ᠁ ᠮᠠᠨᠤᠬᠤᠸᠠᠷ ᠡᠨᠡ ᠶᠡᠬᠡ ᠡᠷ᠎ᠡ ᠶ᠋ᠢ ᠴᠠᠭᠠᠨ᠎ᠠ ᠠ᠋ᠴᠠ ᠪᠠᠨ ᠤᠴᠢᠷ ᠦᠭᠡᠢ ᠬᠠᠢᠷᠠᠯᠠᠵᠤ ᠴᠢᠳᠠᠬᠤ ᠦᠭᠡᠢ ᠴᠤ᠌ ᠨᠢᠭᠡ ᠶᠡᠬᠡ ᠡᠰᠡᠷᠭᠦᠴᠡᠵᠦ ᠴᠢᠳᠠᠳᠠᠭ ᠦᠭᠡᠢ ᠲᠤᠯᠠ ᠴᠣᠭᠪᠠᠭᠠᠲᠦᠷ ᠦ᠋ᠨ ᠠᠶ᠎ᠠ ᠪᠠᠷ ᠪᠣᠯᠵᠤ ᠥᠭᠪᠡ᠃ 
       — ᠴᠣᠭ ᠨᠣᠶᠠᠨ ᠲᠠ᠂ ᠨᠠᠰᠤᠨᠴᠡᠴᠡᠭ ᠡᠭᠡᠴᠢ ᠳ᠋ᠦ᠍ ᠰᠠᠢᠨ ᠭᠡᠵᠦ ᠬᠥᠮᠦᠰ ᠦ᠋ᠨ ᠱᠤᠤᠭᠢᠳᠠᠭ ᠨᠢ ᠦᠨᠡᠨ ᠤᠤ? 
       —᠂ ᠠ᠂ ᠡᠭᠡᠴᠢ ᠴᠢᠨᠢ ᠴᠤ᠌ ᠮᠥᠨ ᠰᠠᠢᠬᠠᠨ ᠪᠦᠰᠡᠭᠦᠢ ᠰᠢᠦ! 
       — ᠁ 
       — ᠴᠠᠭᠠᠳᠤ ᠬᠠᠷ᠎ᠠ ᠬᠥᠮᠦᠨ ᠨᠢ ᠭᠡᠷ ᠦ᠋ᠨ ᠪᠠᠷ᠎ᠠ ᠬᠠᠷᠠᠳᠠᠭ ᠦᠭᠡᠢ ᠶᠦᠮ ᠠ᠋! 
       — ᠴᠡᠷᠢᠭ ᠲᠡᠢᠨ ᠭᠡᠳ ᠬᠠᠯᠬ᠎ᠠ ᠶ᠋ᠢᠨ ᠴᠡᠷᠢᠭ ᠳᠠᠭᠠᠵᠤ ᠶᠠᠪᠤᠭᠠᠳ ᠰᠤᠷᠠᠭ ᠲᠠᠰᠤᠷᠠᠭᠰᠠᠨ᠁ ᠣᠳᠣ ᠲᠡᠭᠡᠭᠡᠳ ᠠᠮᠢᠳᠤ ᠤᠤ᠂ ᠲᠠᠯᠢᠢᠭᠴᠢ ᠪᠣᠯᠪᠠ ᠤᠤ? ᠪᠤᠤ ᠮᠡᠳᠡ! ᠮᠠᠭᠤ ᠡᠭᠡᠴᠢ ᠮᠢᠨᠢ ᠬᠥᠭᠡᠷᠦᠬᠦᠢ᠂ ᠬᠠᠷᠢ ᠳ᠋ᠤ᠌ ᠮᠣᠷᠳᠠᠭᠰᠠᠨ ᠨᠡᠷ᠎ᠡ ᠲᠡᠢ ᠡᠴᠡ ᠪᠢᠰᠢ᠁ ᠠᠢ ᠳᠠ! ᠡᠢᠮᠦ ᠯᠡ ᠵᠠᠶᠠᠭ᠎ᠠ ᠲᠠᠢ ᠬᠥᠮᠦᠨ! 
        ᠲᠡᠭᠡᠪᠡᠴᠦ ᠶᠠᠭᠠᠬᠢᠬᠤ ᠪᠣᠢ! ᠰᠠᠭᠯᠠᠭᠠᠷ ᠮᠣᠳᠣᠨ ᠳ᠋ᠤ᠌ ᠱᠠᠭᠠᠵᠠᠭᠠᠢ ᠣᠯᠠᠨ ᠴᠤᠭᠯᠠᠷᠠᠨ᠎ᠠ ᠠ᠋᠂ ᠰᠠᠢᠬᠠᠨ ᠪᠦᠰᠡᠭᠦᠢ ᠳ᠋ᠦ᠍ ᠰᠡᠳᠬᠢᠯ ᠲᠠᠩᠳᠠ ᠳᠡᠩᠰᠡᠯᠦᠨ᠎ᠡ ᠠ᠋! ᠭᠡᠳ ᠢᠨᠢᠶᠡᠬᠦ ᠳ᠋ᠦ᠍ ᠮᠠᠨᠤᠬᠤᠸᠠᠷ ᠴᠣᠭᠪᠠᠭᠠᠲᠦᠷ ᠢ᠋ ᠴᠠᠭᠠᠰᠢ ᠲᠦᠯᠬᠢᠵᠦ ᠬᠣᠶᠠᠷ ᠭᠠᠷ ᠢ᠋ᠶ᠋ᠠᠷ ᠨᠢᠭᠤᠷ ᠢ᠋ᠶ᠋ᠠᠨ ᠪᠦᠲᠡᠭᠡᠨ ᠮᠡᠭᠰᠢᠪᠡ᠃  
       ᠴᠣᠭᠪᠠᠭᠠᠲᠦᠷ᠂ ᠮᠠᠨᠤᠬᠤᠸᠠᠷ ᠤ᠋ᠨ ᠣᠷᠣᠨ ᠳᠡᠭᠡᠷ᠎ᠡ ᠲᠠᠩᠭᠠᠢᠨ ᠬᠡᠪᠲᠡᠵᠦ ᠬᠠᠷ᠎ᠠ ᠲᠠᠮᠠᠬᠢ ᠴᠣᠷᠭᠢᠭᠤᠯᠬᠤ ᠳ᠋ᠤ᠌ ᠬᠡᠩᠰᠢᠭᠦᠦ ᠦᠨᠦᠷᠲᠦᠭᠰᠡᠨ ᠰᠢᠷᠠᠩᠭᠤᠢ ᠤᠲᠤᠭ᠎ᠠ ᠭᠡᠷ ᠦ᠋ᠨ ᠲᠣᠭᠣᠨᠣᠨ ᠤ᠋ ᠨᠢᠳᠦ ᠪᠡᠷ ᠠᠷᠢᠯᠤᠨ᠎ᠠ᠃  


           ᠦᠰᠦᠭ ᠠᠮᠢᠯᠠᠭᠤᠯᠤᠭᠰᠠᠨ ᠨᠢ᠄ ᠲᠡᠭᠷᠢ ᠡᠵᠢ