ᠶᠤᠸᠠᠨ ᠤᠯᠤᠰ ᠊ᠤᠨ ᠳᠡᠭᠡᠳᠦ ᠨᠡᠢᠰᠯᠡᠯ ᠱᠠᠩᠳᠤ ᠡᠮᠦᠨᠡᠬᠢ ᠦᠭᠡЮан улсын дээд нийслэл шант
ᠶᠤᠸᠠᠨ ᠤᠯᠤᠰ ᠤᠨ ᠳᠡᠭᠡᠳᠦ ᠨᠡᠢᠰᠯᠡᠯ ᠱᠠᠩᠳᠤ ᠡᠮᠦᠨᠡᠬᠢ ᠦᠭᠡ
ᠶᠡᠬᠡ ᠶᠤᠸᠠᠨ ᠤᠯᠤᠰ ᠪᠠ ᠲᠡᠭᠦᠨ ᠦ᠌ ᠳᠡᠭᠡᠳᠦ ᠨᠡᠢᠰᠯᠡᠯ ᠱᠠᠩᠳᠤ ᠬᠣᠲᠠ ᠶ᠋ᠢᠨ ᠲᠤᠬᠠᠢ ᠤᠯᠤᠰ ᠤ᠋ᠨ ᠳᠣᠲᠣᠭᠠᠳᠤ ᠭᠠᠳᠠᠭᠠᠳᠤ ᠶ᠋ᠢᠨ ᠡᠷᠳᠡᠮᠲᠡᠨ ᠰᠤᠳᠤᠯᠭᠠᠲᠠᠳ ᠤ᠋ᠨ ᠪᠢᠴᠢᠭᠰᠡᠨ ᠨᠣᠮ ᠪᠢᠴᠢᠭ ᠥᠭᠦᠯᠡᠯ ᠵᠣᠬᠢᠶᠠᠯ ᠴᠥᠭᠡᠨ ᠪᠤᠰᠤ᠃ ᠰᠠᠢᠰᠢᠶᠠᠵᠤ ᠬᠡᠯᠡᠭᠦᠰᠢᠲᠡᠢ ᠨᠢ ᠨᠥᠬᠥᠷ ᠱ ᠲᠦᠩᠰᠢᠭ ᠠᠷᠠᠳ ᠤ᠋ᠨ ᠤᠯᠠᠮᠵᠢᠯᠠᠯ ᠬᠠᠭᠤᠴᠢ ᠶᠠᠷᠢᠶ᠎ᠠ ᠪᠠ ᠰᠤᠷᠪᠤᠯᠵᠢ ᠪᠢᠴᠢᠭ ᠰᠤᠳᠤᠷ᠂ ᠪᠣᠳᠠᠲᠤ ᠬᠠᠭᠤᠴᠢ ᠪᠠᠭᠤᠷᠢ ᠶ᠋ᠢᠨ ᠪᠠᠢᠴᠠᠭᠠᠯᠲᠠ ᠶ᠋ᠢᠨ ᠰᠠᠭᠤᠷᠢ ᠳᠡᠭᠡᠷ᠎ᠡ ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ ᠦ᠋ᠨ ᠲᠤᠬᠠᠢ ᠡᠮᠬᠢᠳᠬᠡᠨ ᠪᠢᠴᠢᠵᠦ ᠲᠠᠨᠢᠯᠴᠠᠭᠤᠯᠤᠭᠰᠠᠨ ᠨᠢ ᠥᠪᠡᠷᠮᠢᠴᠡ ᠣᠨᠴᠠᠯᠢᠭ ᠲᠠᠢ ᠪᠠᠢᠵᠤ᠂ ᠮᠡᠳᠡᠯᠭᠡ ᠶ᠋ᠢᠨ ᠦᠨ᠎ᠡ ᠥᠷᠲᠡᠭ᠂ ᠰᠤᠳᠤᠯᠭᠠᠨ ᠤ᠋ ᠦᠨ᠎ᠡ ᠥᠷᠲᠡᠭ ᠢ᠋ᠶ᠋ᠡᠷ ᠨᠡᠯᠢᠶᠡᠳ ᠥᠨᠳᠥᠷ ᠪᠣᠯᠤᠭᠰᠠᠨ ᠪᠠᠢᠨ᠎ᠠ᠃
ᠶᠡᠬᠡ ᠶᠤᠸᠠᠨ ᠤᠯᠤᠰ ᠤ᠋ᠨ ᠳᠡᠭᠡᠳᠦ ᠨᠡᠢᠰᠯᠡᠯ ᠱᠠᠩᠳᠤ ᠪᠣᠯ ᠳᠤᠮᠳᠠᠳᠤ ᠤᠯᠤᠰ ᠤ᠋ᠨ ᠨᠤᠲᠤᠭ ᠳᠡᠪᠢᠰᠬᠡᠷ᠂ ᠦᠨᠳᠦᠰᠦᠲᠡᠨ ᠤᠭᠰᠠᠭᠠᠲᠠᠨ ᠤ᠋ ᠬᠠᠮᠤᠭ ᠤ᠋ᠨ ᠶᠡᠬᠡ ᠨᠢᠭᠡᠳᠦᠯ ᠢ᠋ ᠪᠡᠶᠡᠯᠡᠭᠦᠯᠦᠭᠰᠡᠨ ᠨᠡᠢᠰᠯᠡᠯ ᠶᠤᠮ᠃1251 ᠣᠨ ᠳ᠋ᠤ᠌ ᠬᠤᠪᠢᠯᠠᠢ ᠸᠠᠩ᠂ ᠠᠬ᠎ᠠ ᠮᠥᠩᠬᠡ ᠬᠠᠭᠠᠨ ᠤ᠋ ᠪᠠᠨ ᠵᠠᠷᠯᠢᠭ ᠶᠣᠰᠣᠭᠠᠷ ᠭᠣᠪᠢ ᠶ᠋ᠢᠨ ᠡᠮᠦᠨᠡᠬᠢ ᠮᠣᠩᠭᠣᠯ ᠣᠪᠣᠭ ᠠᠢᠮᠠᠭ ᠪᠠ ᠤᠮᠠᠷᠠᠲᠤ ᠬᠢᠲᠠᠳ ᠤ᠋ᠨ ᠥᠷᠭᠡᠨ ᠠᠭᠤᠳᠠᠮ ᠨᠤᠲᠤᠭ ᠳᠡᠪᠢᠰᠬᠡᠷ ᠢ᠋ ᠡᠵᠡᠮᠰᠢᠨ ᠵᠠᠬᠢᠷᠤᠭᠰᠠᠨ ᠤ᠋ ᠰᠡᠭᠦᠯᠡᠷ ᠡᠨᠡ ᠬᠦ᠌ ᠭᠣᠪᠢ ᠶ᠋ᠢᠨ ᠠᠷᠤ ᠥᠪᠥᠷ᠂ ᠬᠡᠷᠡᠮ ᠦ᠋ᠨ ᠳᠣᠲᠣᠷ᠎ᠠ ᠭᠠᠳᠠᠨ᠎ᠠ᠂ ᠮᠣᠩᠭᠣᠯ ᠤ᠋ᠨ ᠵᠡᠭᠦᠨ ᠪᠠᠷᠠᠭᠤᠨ ᠣᠷᠣᠨ ᠢ᠋ ᠬᠣᠯᠪᠣᠭᠰᠠᠨ ᠪᠣᠭᠣᠮᠲᠠ ᠭᠠᠵᠠᠷ---ᠱᠠᠩᠳᠤ ᠶ᠋ᠢᠨ ᠰᠢᠷ᠎ᠠ ᠲᠠᠯ᠎ᠠ ᠳᠡᠭᠡᠷ᠎ᠡ ᠨᠡᠭᠦᠳᠡᠯ ᠣᠷᠳᠣᠨ ᠢ᠋ᠶ᠋ᠠᠨ ᠪᠠᠢᠷᠢᠯᠠᠭᠤᠯᠵᠤ ᠢᠷᠡᠭᠡᠳᠦᠢ ᠳ᠋ᠦ᠍ ᠳᠤᠮᠳᠠᠳᠤ ᠤᠯᠤᠰ ᠢ᠋ ᠨᠢᠭᠡᠳᠬᠡᠨ ᠠᠪᠬᠤ ᠰᠠᠭᠤᠷᠢᠨ ᠭᠠᠵᠠᠷ ᠪᠣᠯᠭᠠᠪᠠ᠃ ᠲᠤᠬᠠᠢ ᠶ᠋ᠢᠨ ᠦᠶᠡᠰ ᠡᠨᠳᠡ ᠡᠴᠡ ᠡᠮᠦᠨᠡᠰᠢ ᠪᠡᠭᠡᠵᠢᠩ ᠬᠦᠷᠬᠦ ᠳ᠋ᠦ᠍700 ᠭᠠᠷᠤᠢ ᠭᠠᠵᠠᠷ᠂ ᠤᠮᠠᠷᠠᠰᠢ ᠬᠠᠷᠠᠬᠣᠷᠣᠮ ᠬᠦᠷᠬᠦ ᠳ᠋ᠦ᠍1000 ᠭᠠᠷᠤᠢ ᠭᠠᠵᠠᠷ᠂ ᠪᠠᠷᠠᠭᠤᠨᠰᠢ ᠬᠠᠰᠢᠨ ᠭᠤᠲᠤᠮ ᠢ᠋ᠶ᠋ᠠᠷ ᠢᠯ᠂ ᠬᠢᠪᠴᠠᠭ᠂ᠴᠠᠭᠠᠲᠠᠢ ᠬᠠᠭᠠᠨᠲᠤ ᠤᠯᠤᠰ ᠬᠦᠷᠬᠦ᠂ ᠵᠡᠭᠦᠨᠰᠢ ᠲᠤᠯᠤᠨᠨᠤᠤᠷ᠂ ᠳ᠋ᠠᠨᠢᠩ ᠢ᠋ᠶ᠋ᠠᠷ ᠬᠠᠷᠠᠮᠦ᠋ᠷᠡᠨ᠂ ᠬᠠᠷᠬᠤᠨ ᠵᠢᠳᠦᠨ ᠬᠦᠷᠬᠦ ᠵᠠᠮ ᠨᠡᠪᠲᠡᠷᠡᠯᠭᠡ ᠶ᠋ᠢᠨ ᠪᠣᠭᠣᠮᠲᠠ᠂ ᠴᠡᠷᠢᠭ ᠲᠡᠢᠨ ᠦ᠌ ᠪᠠᠢᠯᠳᠤᠬᠤ ᠪᠣᠳᠣᠯᠭ᠎ᠠ ᠶ᠋ᠢᠨ ᠴᠢᠬᠤᠯᠠ ᠴᠠᠢᠵᠠ ᠶ᠋ᠢ ᠠᠳᠬᠤᠵᠤ ᠣᠷᠳᠣᠨ ᠪᠠᠭᠤᠭᠰᠠᠨ ᠶᠤᠮ᠃1256 ᠣᠨ ᠠ᠋ᠴᠠ1260 ᠣᠨ ᠬᠦᠷᠲᠡᠯᠡᠬᠢ ᠭᠤᠷᠪᠠᠨ ᠵᠢᠯ ᠦ᠋ᠨ ᠬᠤᠭᠤᠴᠠᠭ᠎ᠠ ᠶ᠋ᠢ ᠬᠡᠷᠡᠭᠯᠡᠵᠦ ᠡᠨᠡ ᠬᠦ᠌ ᠠᠭᠤᠯᠠ ᠤᠰᠤ ᠲᠡᠭᠰᠢ᠂ ᠤᠰᠤ ᠪᠡᠯᠴᠢᠭᠡᠷ ᠰᠠᠬᠤᠯᠢᠭ᠂ ᠣᠢ ᠮᠣᠳᠣ ᠪᠢᠲᠡᠭᠦᠦ᠂ ᠠᠭᠤᠷ ᠠᠮᠢᠰᠬᠤᠯ ᠡᠶᠡᠪᠡᠷᠭᠦᠦ᠂ ᠣᠷᠣᠭᠰᠢ ᠳᠠᠢᠯᠠᠬᠤ ᠳ᠋ᠤ᠌ ᠠᠷᠤ ᠲᠦᠰᠢᠭ᠂ ᠤᠬᠤᠷᠢᠵᠤ ᠰᠠᠭᠤᠬᠤ ᠳ᠋ᠤ᠌ ᠪᠠᠲᠤ ᠴᠠᠢᠵᠠ ᠪᠣᠯᠤᠭᠰᠠᠨ ᠬᠤᠷᠠᠬᠤ ᠶ᠋ᠢᠨ ᠠᠭᠤᠯᠠᠨ ᠡᠩᠭᠡᠷ ᠲᠦ᠍ ᠰᠠᠭᠤᠷᠢᠨ ᠣᠷᠳᠣᠨ ᠪᠠᠢᠭᠤᠯᠵᠤ ᠭᠡᠢᠪᠦᠩ ᠭᠣᠣᠯ ᠤ᠋ᠨ ᠣᠢᠷ᠎ᠠ ᠤᠴᠢᠷ ᠭᠡᠢᠪᠦᠩ ᠣᠷᠳᠣᠨ ᠬᠡᠮᠡᠪᠡ᠃1260ᠣᠨ ᠳ᠋ᠤ᠌ ᠬᠤᠪᠢᠯᠠᠢ ᠭᠡᠢᠪᠦᠩ ᠣᠷᠳᠣᠨ ᠳ᠋ᠤ᠌ ᠬᠠᠭᠠᠨ ᠣᠷᠣ ᠵᠠᠯᠭᠠᠮᠵᠢᠯᠠᠵᠤ ᠮᠣᠩᠭᠣᠯ ᠤ᠋ᠨ ᠶᠡᠬᠡ ᠬᠠᠭᠠᠨ ᠪᠣᠯᠪᠠ᠃1264 ᠣᠨ ᠳ᠋ᠤ᠌ ᠬᠠᠭᠠᠨ ᠤ᠋ ᠣᠷᠳᠣᠨ ᠪᠣᠢ ᠲᠤᠯᠠᠭᠡᠢᠪᠦᠩ ᠣᠷᠳᠣᠨ ᠢ᠋ ᠳᠡᠭᠡᠳᠦ ᠨᠡᠢᠰᠯᠡᠯ ᠡᠷᠭᠦᠮᠵᠢᠯᠡᠨ ᠣᠨ ᠤ᠋ ᠴᠣᠯᠠ ᠪᠠᠨ ᡁᠢ ᠶᠤᠸᠠᠨ ᠬᠡᠮᠡᠪᠡ᠃ ᠳᠡᠭᠡᠳᠦ ᠨᠡᠢᠰᠯᠡᠯ ᠢ᠋ ᠬᠢᠲᠠᠳ ᠢ᠋ᠶ᠋ᠠᠷ ᠱᠠᠩ ᠳᠦ ᠬᠡᠮᠡᠬᠦ ᠲᠤᠯᠠ ᠡᠨᠡ ᠬᠦ᠌ ᠨᠡᠷᠡᠯᠡᠯ ᠨᠢ ᠮᠣᠩᠭᠣᠯᠵᠢᠭᠤ ᠳᠠᠭᠤᠳᠠᠯᠭ᠎ᠠ ᠪᠣᠯᠵᠤ ᠡᠳᠦᠭᠡ ᠳ᠋ᠦ᠍ᠷ ᠬᠦᠷᠦᠭᠰᠡᠨ ᠪᠢᠯᠡ᠃ ᠠᠷᠪᠠ ᠰᠢᠬᠠᠮ ᠵᠢᠯ ᠦ᠋ᠨ ᠲᠡᠢᠨ ᠲᠤᠯᠤᠯᠳᠤᠭᠠᠨ ᠢ᠋ᠶ᠋ᠠᠷ ᠤᠮᠠᠷᠠᠰᠢ ᠮᠣᠩᠭᠣᠯ ᠤ᠋ᠨ ᠡᠯ᠎ᠡ ᠣᠪᠣᠭ ᠠᠢᠮᠠᠭ ᠢ᠋ ᠨᠢᠭᠡ ᠵᠢᠯᠤᠭᠤᠨ ᠳ᠋ᠤ᠌ ᠬᠤᠷᠢᠶᠠᠵᠤ ᠡᠮᠦᠨᠡᠰᠢ ᠳᠤᠮᠳᠠᠳᠤ ᠤᠯᠤᠰ ᠤ᠋ᠨ ᠡᠯ᠎ᠡ ᠮᠣᠵᠢ ᠬᠣᠲᠠ ᠶ᠋ᠢ ᠡᠵᠡᠯᠡᠨ ᠠᠪᠴᠤ ᠳᠤᠮᠳᠠᠳᠤ ᠤᠯᠤᠰ ᠢ᠋ ᠨᠢᠭᠡᠳᠬᠡᠭᠡᠳ1272 ᠣᠨ ᠳ᠋ᠤ᠌ ᠵᠥᠩᠲᠦ ᠶ᠋ᠢ ᠶᠡᠬᠡ ᠨᠡᠢᠰᠯᠡᠯ ᠳᠠᠢᠳᠤ ᠪᠡᠭᠡᠵᠢᠩ ᠭᠡᠮᠡᠨ ᠬᠠᠯᠠᠵᠤ᠂ᠬᠣᠶᠠᠷ ᠨᠡᠢᠰᠯᠡᠯ ᠦ᠋ᠨ ᠳᠦᠷᠢᠮ ᠢ᠋ ᠬᠡᠷᠡᠭᠵᠢᠭᠦᠯᠬᠦ ᠪᠡᠨ ᠠᠯᠪᠠᠨ ᠶᠣᠰᠣᠭᠠᠷ ᠨᠡᠢᠲᠡᠯᠡᠭᠰᠡᠨ ᠶᠤᠮ᠃ᠮᠥᠨ ᠮᠣᠩᠭᠣᠯ ᠤᠯᠤᠰ ᠤ᠋ᠨ ᠨᠡᠷ᠎ᠡ ᠪᠡᠨ《ᠶᠡᠬᠡ ᠶᠤᠸᠠᠨ ᠤᠯᠤᠰ》 ᠭᠡᠮᠡᠨ ᠬᠠᠯᠠᠵᠤ ᠬᠢᠲᠠᠳ ᠣᠷᠣᠨ ᠤ᠋ ᠳᠥᠷᠪᠡᠨ ᠬᠢᠵᠠᠭᠠᠷ ᠢ᠋ ᠲᠣᠭᠲᠠᠭᠠᠨ ᠨᠣᠶᠠᠷᠬᠠᠭᠰᠠᠨ ᠢ᠋ᠶ᠋ᠠᠨ ᠲᠤᠩᠬᠠᠭᠯᠠᠭᠰᠠᠨ ᠶᠤᠮ᠃ ᠣᠳᠣᠬᠢ ᠳᠤᠮᠳᠠᠳᠤ ᠤᠯᠤᠰ ᠤ᠋ᠨ ᠨᠤᠲᠤᠭ ᠳᠡᠪᠢᠰᠬᠡᠷ ᠦ᠋ᠨ ᠬᠡᠯᠪᠡᠷᠢᠰᠢᠯ ᠪᠣᠯ ᠶᠡᠬᠡ ᠶᠤᠸᠠᠨ ᠤᠯᠤᠰ ᠤ᠋ᠨ ᠲᠣᠭᠲᠠᠭᠠᠭᠰᠠᠨ ᠨᠤᠲᠤᠭ ᠳᠡᠪᠢᠰᠬᠡᠷ ᠦ᠋ᠨ ᠬᠡᠯᠪᠡᠷᠢᠰᠢᠯ ᠦ᠋ᠨ ᠰᠠᠭᠤᠷᠢ ᠪᠢᠯᠡ᠃ ᠳᠤᠮᠳᠠᠳᠤ ᠤᠯᠤᠰ ᠤ᠋ᠨ ᠠᠯᠢ ᠴᠤ᠌ ᠦᠨᠳᠦᠰᠦᠲᠡᠨ᠂ ᠲᠡᠷᠡᠴᠢᠯᠡᠨ ᠳᠡᠯᠡᠬᠡᠢ ᠶ᠋ᠢᠨ ᠠᠯᠢ ᠴᠤ᠌ ᠦᠨᠳᠦᠰᠦᠲᠡᠨ ᠡᠳᠦᠭᠡ ᠪᠣᠯᠲᠠᠯ᠎ᠠ ᠮᠣᠩᠭᠣᠯ ᠦᠨᠳᠦᠰᠦᠲᠡᠨ ᠰᠢᠭ ᠲᠡᠢᠮᠦ ᠶᠡᠬᠡ ᠨᠢᠭᠡᠳᠦᠯ ᠢ᠋ ᠪᠡᠶᠡᠯᠡᠭᠦᠯᠵᠦ ᠴᠢᠳᠠᠭᠠᠳᠤᠢ ᠪᠢᠯᠡ᠃ ᠮᠣᠩᠭᠣᠯ ᠦᠨᠳᠦᠰᠦᠲᠡᠨ ᠦ᠌ ᠡᠨᠡ ᠬᠦ᠌ ᠲᠡᠦᠬᠡᠨ ᠭᠠᠪᠢᠶ᠎ᠠ ᠵᠢᠳᠬᠦᠯ ᠨᠢ ᠲᠤᠬᠠᠢ ᠶ᠋ᠢᠨ ᠦᠶᠡᠰ ᠦ᠋ᠨ ᠱᠠᠩᠳᠤ ᠨᠡᠢᠰᠯᠡᠯ ᠦ᠋ᠨ ᠲᠡᠦᠬᠡᠨ ᠪᠠᠢᠷᠢ ᠰᠠᠭᠤᠷᠢ ᠲᠠᠢ ᠰᠠᠯᠤᠰᠢ ᠦᠭᠡᠢ ᠶᠤᠮ ᠬᠤᠪᠢᠯᠠᠢ ᠬᠠᠭᠠᠨ ᠱᠠᠩᠳᠤ ᠪᠠᠷ ᠰᠠᠭᠤᠷᠢᠨ ᠪᠣᠯᠭᠠᠨ ᠳᠤᠮᠳᠠᠳᠤ ᠤᠯᠤᠰ ᠢ᠋ ᠨᠢᠭᠡᠳᠬᠡᠭᠰᠡᠨ ᠠᠵᠠᠢ᠃
ᠱᠠᠩᠳᠤ ᠪᠣᠯ ᠮᠣᠩᠭᠣᠯ ᠦᠨᠳᠦᠰᠦᠲᠡᠨ ᠦ᠌ ᠤᠯᠠᠮᠵᠢᠯᠠᠯᠲᠤ ᠦᠵᠡᠯ ᠰᠠᠨᠠᠭ᠎ᠠ᠂ ᠡᠷᠢᠯ ᠬᠦᠰᠡᠯ᠂ ᠰᠣᠶᠣᠯ ᠤᠷᠠᠯᠢᠭ᠂ ᠬᠡᠪ ᠨᠠᠮᠪᠠ᠂ ᠵᠠᠩ ᠳᠠᠳᠬᠠᠯ ᠢ᠋ ᠲᠤᠰᠬᠠᠭᠰᠠᠨ ᠲᠠᠯ᠎ᠠ ᠨᠤᠲᠤᠭ ᠤ᠋ᠨ ᠮᠣᠩᠭᠣᠯ ᠬᠣᠲᠠ ᠪᠣᠯᠤᠨ᠎ᠠ᠃ ᠬᠤᠪᠢᠯᠠᠢ ᠬᠠᠭᠠᠨ ᠪᠠ ᠲᠡᠭᠦᠨ ᠦ᠌ ᠵᠠᠯᠭᠠᠮᠵᠢᠯᠡᠭ᠍ᠴᠢᠳ ᠥᠪᠡᠷ ᠦ᠋ᠨ ᠮᠣᠩᠭᠣᠯ ᠦᠨᠳᠦᠰᠦᠲᠡᠨ ᠦ᠌ ᠪᠡᠨ ᠥᠪᠡᠷᠮᠢᠴᠡ ᠣᠨᠴᠠᠯᠢᠭ ᠢ᠋ᠶ᠋ᠠᠷ ᠱᠠᠩᠳᠤ ᠬᠣᠲᠠ ᠶ᠋ᠢ ᠪᠦᠲᠦᠭᠡᠨ ᠪᠠᠢᠭᠤᠯᠤᠭᠰᠠᠨ ᠶᠤᠮ᠃ ᠵᠠᠭᠤ ᠭᠠᠷᠤᠢ ᠵᠢᠯ ᠦ᠋ᠨ ᠬᠥᠭᠵᠢᠯ ᠢ᠋ᠶ᠋ᠡᠷ ᠱᠠᠩᠳᠤ ᠬᠣᠲᠠ ᠶ᠋ᠢᠨ ᠭᠠᠳᠠᠷ ᠬᠣᠲᠠ᠂ ᠳᠣᠲᠣᠷ ᠬᠣᠲᠠ᠂ ᠣᠷᠳᠣᠨ ᠬᠣᠲᠠ ᠭᠡᠮᠡᠨ ᠭᠤᠷᠪᠠᠨ ᠬᠣᠲᠠ ᠪᠠᠷ ᠪᠦᠷᠢᠯᠳᠦᠭᠰᠡᠨ ᠣᠨᠴᠠᠯᠢᠭ ᠨᠢ ᠮᠣᠩᠭᠣᠯᠴᠤᠳ ᠤ᠋ᠨ ᠤᠯᠠᠮᠵᠢᠯᠠᠯᠲᠤ ᠳᠠᠪᠬᠤᠷ ᠬᠦᠷᠢᠶ᠎ᠡ ᠶ᠋ᠢᠨ ᠬᠡᠯᠪᠡᠷᠢ ᠳᠦᠷᠢᠮ ᠪᠢᠯᠡ᠃ ᠭᠠᠳᠠᠷ ᠬᠣᠲᠠ ᠡᠷᠭᠢᠨ ᠲᠣᠭᠣᠷᠢᠨ16 ᠭᠠᠵᠠᠷ᠂334 ᠠᠯᠬᠤᠮ᠂ ᠵᠡᠭᠦᠨ᠂ ᠪᠠᠷᠠᠭᠤᠨ᠂ ᠡᠮᠦᠨ᠎ᠡ ᠪᠡᠨ ᠲᠤᠰ ᠪᠦᠷᠢ ᠬᠠᠭᠠᠯᠭ᠎ᠠ ᠲᠠᠢ᠃ ᠡᠮᠦᠨ᠎ᠡ ᠬᠡᠷᠡᠮ ᠳ᠋ᠡᠭᠡᠨ ᠪᠠᠰᠠ ᠳᠣᠲᠣᠷ ᠬᠣᠲᠠ ᠲᠠᠢ ᠨᠡᠪᠲᠡᠷᠡᠬᠦ ᠬᠠᠭᠠᠯᠭ᠎ᠠ ᠲᠠᠢ᠃ ᠬᠣᠲᠠ ᠶ᠋ᠢᠨ ᠳᠣᠲᠣᠷ ᠴᠡᠴᠡᠭ ᠳᠠᠷᠢᠨ ᠮᠣᠳᠣ ᠵᠠᠢᠯᠠᠵᠤ ᠴᠢᠮᠡᠭᠯᠡᠭᠰᠡᠨ ᠢ᠋ᠶ᠋ᠡᠷ ᠪᠠᠷᠠᠭᠤᠨ ᠬᠣᠢᠲᠤ ᠵᠠᠬ᠎ᠠ ᠨᠢ ᠠᠭᠤᠯᠠ ᠨᠢᠷᠤᠭᠤ ᠳᠥᠰᠢᠨ ᠦᠨᠦᠷᠲᠦ ᠮᠣᠳᠣ ᠨᠠᠷᠠ ᠬᠠᠯᠬᠠᠯᠠᠨ ᠵᠢᠭᠳᠡᠷᠡᠭᠡᠳ ᠦᠵᠡᠰᠬᠦᠯᠡᠩ ᠴᠡᠴᠡᠭ ᠥᠩᠭᠡ ᠪᠤᠯᠢᠶᠠᠯᠳᠤᠨ ᠮᠢᠷᠠᠯᠵᠠᠵᠤ ᠴᠡᠭᠴᠡᠦᠬᠡᠢ ᠵᠢᠷᠭᠢᠨ ᠪᠤᠭᠤ ᠬᠠᠨᠳᠠᠭᠠᠢ ᠤᠷᠤᠮᠳᠠᠭᠰᠠᠨ ᠴᠡᠴᠡᠷᠯᠢᠭ ᠪᠠᠢᠵᠠᠢ᠃ ᠭᠠᠳᠠᠷ ᠬᠣᠲᠠ ᠶ᠋ᠢᠨ ᠪᠠᠷᠠᠭᠤᠨ ᠡᠮᠦᠨ᠎ᠡ᠂ ᠵᠡᠭᠦᠨ ᠬᠣᠢᠨ᠎ᠠ ᠬᠣᠶᠠᠷ ᠨᠠᠭᠤᠷ ᠴᠡᠩᠬᠡᠷᠯᠡᠵᠦ ᠭᠠᠯᠠᠭᠤ ᠰᠢᠪᠠᠭᠤ ᠴᠡᠩᠭᠡᠯᠳᠦᠨ ᠵᠢᠭᠠᠰᠤ ᠵᠢᠷᠠᠭᠠᠬᠠᠢ ᠴᠣᠯᠭᠢᠨ᠎ᠠ᠃ ᠭᠠᠳᠠᠷ ᠬᠣᠲᠠ ᠶ᠋ᠢᠨ ᠵᠡᠭᠦᠨ ᠪᠠᠷᠠᠭᠤᠨ ᠵᠠᠬ᠎ᠠ ᠪᠠᠷ ᠵᠡᠭᠡᠯᠢ ᠭᠤᠳᠤᠮᠵᠢ ᠦᠷᠭᠦᠯᠵᠢᠯᠡᠵᠦ ᠠᠷᠠᠯᠵᠢᠶ᠎ᠠ ᠮᠠᠢᠮᠠᠢ ᠶᠢᠨ ᠵᠠᠬ᠎ᠠ ᠵᠠᠯᠭᠠᠯᠳᠤᠵᠠᠢ᠃ ᠳᠣᠲᠣᠷ᠎ᠠ ᠬᠣᠲᠠ ᠪᠣᠯ ᠡᠷᠭᠢᠨ ᠲᠣᠭᠣᠷᠢᠨ6 ᠭᠠᠵᠠᠷ᠂330 ᠠᠯᠬᠤᠮ᠂ ᠵᠡᠭᠦᠨ ᠪᠠᠷᠠᠭᠤᠨ ᠬᠡᠷᠡᠮ ᠳ᠋ᠡᠭᠡᠨ ᠲᠤᠰ ᠪᠦᠷᠢ ᠬᠣᠶᠠᠷ ᠬᠠᠭᠠᠯᠭ᠎ᠠ ᠲᠠᠢ᠂ ᠡᠮᠦᠨ᠎ᠡ ᠬᠡᠷᠡᠮ ᠳ᠋ᠡᠭᠡᠨ ᠨᠢᠭᠡ ᠬᠠᠭᠠᠯᠭ᠎ᠠ ᠲᠠᠢ᠂ ᠡᠮᠦᠨ᠎ᠡ ᠬᠠᠭᠠᠯᠭ᠎ᠠ ᠪᠣᠯ ᠬᠠᠭᠠᠨ ᠡᠵᠡᠨ ᠦ᠌ ᠵᠠᠯᠠᠷᠠᠬᠤ ᠢᠦᠢ ᠲᠢᠶᠠᠨ ᠮᠧᠨ ᠬᠠᠭᠠᠯᠭ᠎ᠠ᠃ ᠳᠣᠲᠣᠷ᠎ᠠ ᠬᠣᠲᠠ ᠶ᠋ᠢᠨ ᠵᠡᠭᠡᠯᠢ ᠭᠤᠳᠤᠮᠵᠢ ᠳᠠᠷᠢ ᠲᠡᠭᠰᠢ᠂ ᠠᠰ ᠡᠮᠦᠨᠡᠰᠢ ᠬᠠᠨᠳᠤᠭᠰᠠᠨ ᠶᠡᠬᠡ ᠵᠡᠭᠡᠯᠢ ᠪᠡᠷ ᠭᠣᠣᠯ ᠲᠥᠪ ᠪᠣᠯᠭᠠᠨ ᠵᠡᠭᠦᠨᠰᠢ ᠪᠠᠷᠠᠭᠤᠨᠰᠢ ᠬᠥᠨᠳᠡᠯᠡᠨ ᠵᠡᠭᠡᠯᠢ ᠲᠡᠢ ᠲᠣᠭᠣᠨᠣᠯᠵᠢᠯᠠᠵᠤ ᠳᠣᠲᠣᠷ᠎ᠠ ᠬᠣᠲᠠ ᠶ᠋ᠢ ᠳᠥᠷᠪᠡᠨ ᠲᠣᠭᠣᠷᠢᠭ ᠬᠤᠪᠢᠶᠠᠵᠠᠢ᠃ ᠣᠷᠳᠣᠨ ᠬᠣᠲᠠ ᠶ᠋ᠢᠨ ᠠᠰ ᠠᠷᠤ ᠬᠠᠪᠢ ᠳ᠋ᠤ᠌ ᠬᠠᠭᠠᠨ ᠣᠷᠳᠣᠨ ᠰᠦᠨᠳᠡᠷᠯᠡᠵᠦ ᠵᠡᠭᠦᠨ ᠬᠣᠢᠲᠤ ᠥᠨᠴᠥᠭ ᠲᠤᠨᠢ ᠬᠤᠸᠠ ᠶᠠᠨ ᠰᠧ ᠬᠡᠢᠳ᠂ ᠪᠠᠷᠠᠭᠤᠨ ᠬᠣᠢᠲᠤ ᠥᠨᠴᠥᠭ ᠲᠤᠨᠢ ᠴᠢᠶᠠᠨ ᠶᠤᠸᠠᠨ ᠰᠧ ᠬᠡᠢᠳ ᠪᠠᠢᠷᠢᠯᠠᠨ᠎ᠠ᠃ ᠬᠠᠭᠠᠨ ᠤ᠋ ᠬᠣᠲᠠ ᠵᠡᠭᠦᠨᠰᠢ ᠪᠠᠷᠠᠭᠤᠨᠰᠢ᠂ ᠡᠮᠦᠨᠡᠰᠢ ᠬᠣᠢᠰᠢ ᠭᠠᠵᠠᠷ ᠢᠯᠡᠭᠦᠦ ᠶ᠋ᠢᠨ ᠲᠡᠭᠰᠢ ᠳᠥᠷᠪᠡᠯᠵᠢᠨ ᠬᠡᠯᠪᠡᠷᠢ ᠲᠡᠢ᠃ ᠬᠠᠭᠠᠨ ᠣᠷᠳᠣᠨ ᠤ᠋ ᠡᠮᠦᠨ᠎ᠡ ᠮᠣᠩᠭᠣᠯ ᠤ᠋ᠨ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠡᠷ᠎ᠡ ᠶ᠋ᠢᠨ ᠭᠤᠷᠪᠠᠨ ᠨᠠᠭᠠᠳᠤᠮ ᠮᠥᠷᠥᠢᠴᠡᠬᠦ ᠠᠭᠤᠵᠢᠮ ᠰᠠᠢᠬᠠᠨ ᠨᠠᠢᠷ ᠤ᠋ᠨ ᠲᠠᠯᠠᠪᠠᠢ ᠲᠠᠢ᠃ ᠬᠣᠵᠢᠮ ᠨᠢ ᠡᠨᠡ ᠬᠦ᠌ ᠵᠠᠩᠰᠢᠯ ᠨᠢ ᠳᠤᠮᠳᠠᠳᠤ ᠤᠯᠤᠰ ᠤ᠋ᠨ ᠪᠠ ᠳᠡᠯᠡᠬᠡᠢ ᠶ᠋ᠢᠨ ᠡᠯ᠎ᠡ ᠤᠯᠤᠰ᠂ ᠬᠣᠲᠠ ᠪᠠᠯᠭᠠᠰᠤ ᠪᠠᠢᠭᠤᠯᠬᠤ ᠳ᠋ᠤ᠌ ᠨᠠᠢᠷ ᠤ᠋ᠨ ᠲᠠᠯᠠᠪᠠᠢ ᠭᠠᠷᠭᠠᠳᠠᠭ ᠦᠯᠢᠭᠡᠷ ᠳᠠᠭᠤᠷᠢᠶᠠᠯ ᠪᠣᠯᠤᠭᠰᠠᠨ ᠶᠤᠮ᠃ ᠪᠦᠯᠦᠭ ᠪᠦᠯᠦᠭ ᠣᠷᠳᠣᠨ ᠬᠠᠷᠰᠢ᠂ ᠠᠰᠠᠷ ᠲᠠᠭᠲᠤ ᠶ᠋ᠢᠨ ᠳᠤᠮᠳᠠᠭᠤᠷ ᠮᠠᠯᠲᠠᠮᠠᠯ ᠴᠥᠭᠥᠷᠥᠮ ᠮᠡᠯᠮᠡᠯᠵᠡᠵᠦ᠂ ᠲᠠᠲᠠᠮᠠᠯ ᠭᠣᠣᠯ ᠤᠭᠠᠯᠵᠠᠯᠠᠨ᠂ ᠨᠠᠷᠠᠰᠤ ᠮᠠᠢᠯᠠᠰᠤ ᠴᠡᠯᠭᠡᠷᠡᠵᠦ ᠨᠠᠪᠴᠢ ᠴᠡᠴᠡᠭ ᠠᠯᠠᠭᠯᠠᠨ ᠳᠡᠯᠭᠡᠷᠡᠵᠦ᠂ ᠴᠠᠭᠠᠨ ᠭᠡᠷ᠂ ᠬᠥᠬᠡ ᠣᠷᠳᠣᠨ ᠲᠠᠢ ᠥᠩᠭᠡ ᠢᠯᠭᠠᠷᠠᠨ ᠮᠢᠷᠠᠯᠵᠠᠵᠠᠢ᠃ ᠲᠠᠯ᠎ᠠ ᠨᠤᠲᠤᠭ ᠤ᠋ᠨ ᠠᠭᠤᠳᠠᠮ ᠳ᠋ᠤ᠌ ᠡᠭᠦᠰᠦᠨ ᠮᠠᠨᠳᠤᠵᠤ ᠥᠷᠨᠢᠨ ᠬᠥᠭᠵᠢᠵᠦ᠂ ᠪᠤᠵᠠᠭᠠᠢᠷᠠᠨ ᠬᠦᠴᠤᠷᠭᠡᠭᠵᠡᠭᠰᠨᠨ ᠮᠣᠩᠭᠣᠯᠴᠤᠳ ᠯᠠ ᠰᠠᠶᠢ ᠡᠢᠮᠦ ᠬᠣᠲᠠ ᠶ᠋ᠢ ᠪᠠᠢᠭᠤᠯᠵᠤ ᠴᠢᠳᠠᠬᠤ ᠶᠤᠮ᠃ ᠬᠠᠭᠠᠨ ᠣᠷᠳᠣᠨ ᠤ᠋ ᠬᠣᠲᠠ ᠶ᠋ᠢᠨ ᠭᠣᠣᠯ ᠪᠠᠷᠢᠯᠭ᠎ᠠ ᠶ᠋ᠢᠨ ᠨᠢᠭᠡ ᠪᠣᠯ ᠶᠡᠬᠡ ᠠᠮᠤᠭᠤᠯᠠᠩ ᠬᠠᠷᠰᠢ᠃ ᠶᠤᠸᠠᠨ ᠤᠯᠤᠰ ᠤ᠋ᠨ ᠬᠠᠭᠠᠨ ᠰᠠᠭᠤᠷᠢᠨ ᠳ᠋ᠤ᠌ ᠰᠠᠭᠤᠬᠤ ᠲᠥᠷᠥ ᠶ᠋ᠢᠨ ᠶᠡᠬᠡ ᠶᠣᠰᠣᠯᠠᠯ᠂ ᠡᠵᠡᠨ ᠲᠦᠰᠢᠮᠡᠯ᠂ ᠡᠯᠴᠢ ᠵᠣᠴᠢᠳ ᠤ᠋ᠨ ᠶᠡᠬᠡ ᠵᠣᠯᠭᠠᠯᠲᠠ᠂ ᠨᠠᠢᠷ ᠬᠤᠷᠢᠮ ᠢ᠋ ᠪᠦᠷ ᠶᠡᠬᠡ ᠠᠮᠤᠭᠤᠯᠠᠩ ᠬᠠᠷᠰᠢ ᠳ᠋ᠤ᠌ ᠬᠢᠳᠡᠭ ᠪᠠᠢᠪᠠ᠃ ᠮᠣᠩᠭᠣᠯ ᠭᠡᠷ ᠮᠡᠲᠦ ᠲᠥᠪ ᠲᠥᠭᠥᠷᠢᠭ ᠬᠣᠶᠠᠷ ᠪᠣᠯᠣᠷ ᠣᠷᠳᠣᠨ ᠢ᠋ ᠤᠰᠤᠨ ᠤ᠋ ᠳᠤᠮᠳᠠ ᠪᠠᠢᠭᠤᠯᠵᠤ ᠭᠠᠯ ᠰᠢᠯ ᠢ᠋ᠶ᠋ᠡᠷ ᠭᠠᠳᠠᠷᠯᠠᠨ ᠴᠢᠮᠡᠭᠰᠡᠨ ᠲᠤᠯᠠ ᠨᠠᠷᠠᠨ ᠤ᠋ ᠭᠡᠷᠡᠯ ᠳ᠋ᠦ᠍ ᠳᠥᠷᠪᠡᠨ ᠵᠦᠭ ᠲᠤᠶᠠᠭ᠎ᠠ ᠰᠠᠴᠤᠷᠠᠭᠠᠳ ᠯᠤᠤᠰ ᠤ᠋ᠨ ᠣᠷᠳᠣᠨ ᠮᠡᠲᠦ ᠦᠵᠡᠰᠬᠦᠯᠡᠩ᠃ ᠪᠣᠯᠣᠷ ᠣᠷᠳᠣᠨ ᠪᠣᠯ ᠬᠠᠭᠠᠨ ᠡᠵᠡᠨ ᠦ᠌ ᠰᠡᠷᠢᠭᠦᠴᠡᠬᠦ ᠵᠤᠰᠠᠯᠠᠩ ᠤ᠋ᠨ ᠣᠷᠳᠣᠨ ᠤ᠋ ᠨᠢᠭᠡ ᠪᠢᠯᠡ᠃ ᠰᠡᠢᠯᠪᠦᠷᠢᠲᠦ ᠰᠢᠷᠡᠭᠡᠨ᠎ᠡ ᠬᠠᠰ ᠲᠠᠨ᠎ᠠ ᠮᠢᠷᠠᠯᠵᠠᠭᠠᠳ᠂ ᠰᠢᠮᠡᠲᠦ ᠰᠠᠷᠬᠤᠳ ᠠᠯᠲᠠᠨ ᠬᠤᠨᠳᠠᠭᠠᠨ ᠳ᠋ᠤ᠌ ᠮᠡᠯᠮᠡᠯᠵᠡᠭᠰᠡᠨ ᠪᠠᠶᠠᠰᠬᠤᠯᠠᠩ ᠬᠠᠷᠰᠢ᠂ ᠪᠤᠭᠤ ᠳᠡᠭᠦᠯᠢᠵᠦ ᠵᠠᠰᠠᠯ ᠵᠢᠮᠰᠡᠭ ᠮᠢᠷᠠᠯᠵᠠᠭᠰᠠᠨ ᠪᠤᠭᠤᠲᠤ ᠬᠠᠷᠰᠢ᠂ ᠣᠯᠠᠨ ᠲᠤᠯᠭᠠᠭᠤᠷᠢ ᠶ᠋ᠢ ᠨᠢ ᠭᠣᠶᠣᠮᠰᠣᠭ ᠰᠠᠢᠬᠠᠨ ᠬᠡ ᠤᠭᠠᠯᠵᠠ ᠪᠠᠷ ᠴᠢᠮᠡᠵᠦ ᠯᠤᠤ ᠣᠷᠢᠶᠠᠯᠭᠠᠨ ᠰᠡᠢᠯᠪᠦᠷᠢᠯᠡᠭᠰᠡᠨ ᠮᠤᠬᠤᠯᠠᠭ ᠮᠡᠲᠦ ᠬᠤᠯᠤᠰᠤᠨ ᠣᠷᠳᠣᠨ᠂ ᠵᠢᠷᠤᠭ ᠠᠳᠠᠯᠢ ᠦᠵᠡᠰᠬᠦᠯᠡᠩ ᠬᠡᠭᠡᠨᠴᠢᠷ ᠬᠦᠷᠡᠩ ᠨᠣᠣᠯᠣᠭᠤᠷ ᠤ᠋ᠨ ᠤᠭᠠᠯᠵᠠ ᠬᠡ᠂ ᠵᠠᠭᠤᠨ ᠲᠣᠬᠣᠢ ᠪᠣᠷᠣ ᠣᠷᠳᠣᠨ ᠮᠢᠩᠭᠠᠨ ᠬᠥᠮᠦᠨ ᠦ᠌ ᠪᠠᠭᠲᠠᠭᠠᠮᠵᠢ ᠲᠠᠢ᠃ ᠡᠷᠢᠶᠡᠨ ᠬᠥᠯᠲᠥᠷᠭᠡ ᠪᠡᠷ ᠨᠣᠭᠲᠣᠯᠠᠭᠰᠠᠨ᠂ ᠡᠭᠦᠯᠡᠨ ᠬᠤᠸᠠᠷ ᠢ᠋ᠶ᠋ᠠᠷ ᠴᠢᠮᠡᠭᠯᠡᠭᠰᠡᠨ᠂ ᠰᠠᠴᠤᠭᠲᠤ ᠲᠣᠷᠭ᠎ᠠ ᠪᠠᠷ ᠬᠥᠰᠢᠭᠡᠯᠡᠭᠰᠡᠨ᠂ ᠰᠦᠷᠯᠢᠭ ᠥᠨᠳᠥᠷ ᠰᠢᠷ᠎ᠠ ᠣᠷᠳᠣᠨ ᠪᠣᠯ ᠬᠠᠭᠠᠨ ᠤ᠋ ᠬᠣᠲᠠ ᠶ᠋ᠢᠨ ᠴᠤᠤᠲᠤ ᠪᠠᠷᠢᠯᠭ᠎ᠠ ᠨᠤᠭᠤᠳ ᠶᠤᠮ᠃ ᠪᠠᠰᠠ ᠾᠦᠩ ᠰᠢ ᠳ᠋ᠢᠶᠠᠨ ᠬᠠᠷᠰᠢ᠂ ᠮᠦ᠍ ᠴᠢᠩ ᠳ᠋ᠢᠶᠠᠨ ᠬᠠᠷᠰᠢ᠂ ᠽᠦᠩ ᠨᠢᠩ ᠳ᠋ᠢᠶᠠᠨ ᠬᠠᠷᠰᠢ᠂ ᠽᠦᠩ ᠱᠧᠦ ᠳ᠋ᠢᠶᠠᠨ ᠬᠠᠷᠰᠢ᠂ ᠷᠧᠩ ᠱᠧᠦ ᠳ᠋ᠢᠶᠠᠨ ᠬᠠᠷᠰᠢ᠂ ᠷᠦᠢ ᠰᠧ ᠳ᠋ᠢᠶᠠᠨ ᠬᠠᠷᠰᠢ᠂ ᠪᠠᠶᠠᠷ ᠣᠷᠳᠣᠨ᠂ ᠿᠦᠩ ᠭᠤᠸᠠᠩ ᠳ᠋ᠢᠶᠠᠨ᠂ ᠰᠧ ᠷᠸᠩ ᠳ᠋ᠢᠶᠠᠨ ᠬᠠᠷᠰᠢ᠂ ᠽᠢ ᠳᠧ ᠳ᠋ᠢᠶᠠᠨ ᠬᠠᠷᠰᠢ᠂ ᠴᠢᠩ ᠮᠢᠩ ᠳ᠋ᠢᠶᠠᠨ ᠬᠠᠷᠰᠢ᠂ ᠲᠦᠩ ᠳ᠋ᠢᠶᠠᠨ ᠬᠡ ᠠᠰᠠᠷ᠂ ᠨᠠᠨ ᠮᠦ᠍ ᠲᠢᠩ ᠲᠠᠭᠲᠤ᠂ ᠲᠦᠩ ᠮᠢᠩ ᠳ᠋ᠢᠶᠠᠨ ᠬᠠᠷᠰᠢ᠂ ᠠᠭᠤᠯᠠᠨ᠎ᠠ ᠵᠣᠯᠭᠠᠬᠤ ᠬᠠᠷᠰᠢ᠂ ᠢᠦᠢ ᠳᠧ ᠳ᠋ᠢᠶᠠᠨ ᠬᠠᠷᠰᠢ᠂ ᠠᠩᠬᠢᠯᠤᠮ᠎ᠠ ᠬᠠᠷᠰᠢ᠂ ᠮᠢᠩ ᠷᠸᠩ ᠳ᠋ᠢᠶᠠᠨ ᠬᠠᠷᠰᠢ᠂ ᠰᠢᠨ ᠱᠧᠩ ᠳ᠋ᠢᠶᠠᠨ ᠬᠠᠷᠰᠢ ᠳ᠋ᠦᠩ ᠪᠢᠶᠠᠨ ᠳ᠋ᠢᠶᠠᠨ ᠬᠠᠷᠰᠢ᠂ ᠡᠦ ᠬᠤᠸᠠ ᠳ᠋ᠢᠶᠠᠨ ᠬᠠᠷᠰᠢ ᠵᠡᠷᠭᠡ ᠦᠵᠡᠰᠬᠦᠯᠡᠩ ᠬᠠᠷᠰᠢ ᠥᠩᠭᠡ ᠵᠢᠰᠦ ᠪᠤᠯᠢᠶᠠᠯᠳᠤᠨᠠᠮ᠃ ᠲᠠᠯ᠎ᠠ ᠨᠤᠲᠤᠭ ᠲᠤ᠌ ᠠᠩᠬᠠᠳᠤᠭᠠᠷ ᠤᠳᠠᠭ᠎ᠠ ᠣᠳᠣᠨ ᠣᠷᠣᠨ ᠤ᠋ ᠰᠤᠳᠤᠯᠤᠯ ᠤ᠋ᠨ ᠲᠥᠪ ᠢ᠋ ᠪᠠᠢᠭᠤᠯᠵᠤ ᠣᠳᠣᠨ ᠣᠷᠣᠨ ᠢ᠋ ᠰᠢᠨᠵᠢᠬᠦ13 ᠵᠦᠢᠯ ᠦ᠋ᠨ ᠪᠠᠭᠠᠵᠢ ᠬᠡᠷᠡᠭᠰᠡᠯ ᠢ᠋ ᠰᠢᠨ᠎ᠡ ᠪᠡᠷ ᠡᠭᠦᠳᠦᠨ ᠪᠦᠲᠦᠭᠡᠵᠦ᠂ ᠲᠤᠬᠠᠢ ᠶ᠋ᠢᠨ ᠦᠶᠡᠰ ᠣᠯᠵᠤ ᠮᠡᠳᠡᠵᠦ ᠵᠢᠭᠰᠠᠭᠠᠭᠰᠠᠨ1464 ᠣᠳᠣ ᠶ᠋ᠢ ᠨᠢᠭᠡ ᠳᠠᠬᠢᠨ ᠢ᠋ᠶ᠋ᠠᠷ ᠨᠡᠮᠡᠭᠳᠡᠭᠦᠯᠦᠨ2500 ᠭᠠᠷᠤᠢ ᠪᠣᠯᠭᠠᠪᠠ᠃ ᠣᠨ ᠲᠡᠮᠳᠡᠭᠯᠡᠬᠦ ᠰᠢᠨ᠎ᠡ ᠡᠷᠢᠨ ᠢ᠋ ᠠᠪᠴᠤ ᠡᠭᠦᠳᠦᠨ ᠪᠦᠲᠦᠭᠡᠭᠰᠡᠨ ᠢ᠋ᠶ᠋ᠡᠷ ᠴᠠᠭ ᠤᠯᠠᠷᠢᠯ ᠤ᠋ᠨ ᠲᠡᠦᠬᠡᠨ ᠳᠡᠭᠡᠷ᠎ᠡ ᠨᠢᠭᠡᠨ ᠤᠳᠠᠭᠠᠨ ᠤ᠋ ᠯᠤᠲᠤ ᠶᠡᠬᠡ ᠰᠢᠨᠡᠴᠢᠯᠡᠯᠲᠡ ᠭᠠᠷᠭᠠᠵᠠᠢ᠃ ᠲᠤᠬᠠᠢ ᠶ᠋ᠢᠨ ᠦᠶᠡᠰ ᠱᠠᠩᠳᠤ ᠪᠠᠷ ᠲᠥᠪ ᠪᠣᠯᠭᠠᠭᠰᠠᠨ ᠣᠳᠣᠨ ᠣᠷᠣᠨ ᠤ᠋ 27 ᠰᠠᠭᠤᠷᠢ ᠰᠢᠨᠵᠢᠯᠡᠭᠡᠨ ᠦ᠌ ᠥᠷᠲᠡᠭᠡ ᠨᠢ ᠵᠡᠭᠦᠨᠰᠢ ᠭᠠᠤᠯᠢ᠂ ᠪᠠᠷᠠᠭᠤᠨᠰᠢ ᠲᠩᠷᠢ ᠨᠠᠭᠤᠷ᠂ ᠬᠣᠢᠰᠢ ᠲᠣᠯᠢ᠂ ᠡᠮᠦᠨᠡᠰᠢ ᠵᠣ᠌ ᠶᠠ ᠬᠦᠷᠲᠡᠯ᠎ᠡ ᠵᠡᠭᠦᠨᠰᠢ ᠪᠠᠷᠠᠭᠤᠨᠰᠢ 6000ᠭᠠᠷᠤᠢ ᠭᠠᠵᠠᠷ᠂ ᠡᠮᠦᠨᠡᠰᠢ ᠬᠣᠢᠰᠢ11000ᠭᠠᠷᠤᠢ ᠭᠠᠵᠠᠷ ᠤ᠋ᠨ ᠵᠠᠢ ᠳ᠋ᠤ᠌ ᠪᠣᠳᠠᠲᠤ ᠬᠡᠮᠵᠢᠯᠲᠡ ᠬᠢᠵᠦ 《ᠴᠠᠭ ᠤᠯᠠᠷᠢᠯ ᠤ᠋ᠨ ᠪᠢᠴᠢᠭ》 ᠢ᠋ ᠵᠣᠬᠢᠶᠠᠵᠤ ᠭᠠᠷᠭᠠᠭᠰᠠᠨ ᠶᠤᠮ᠃ᠲᠡᠷᠡ ᠦᠶᠡᠰ ᠨᠢᠭᠡ ᠵᠢᠯ ᠢ᠋ 365.2425 ᠡᠳᠦᠷ ᠬᠦᠷᠲᠡᠯ᠎ᠡ ᠨᠠᠷᠢᠪᠴᠢᠯᠠᠨ ᠪᠣᠳᠣᠭᠰᠠᠨ ᠨᠢ ᠣᠳᠣᠬᠢ ᠬᠡᠮᠵᠢᠯᠲᠡ ᠲᠡᠢ ᠵᠥᠪᠬᠡᠨ26 ᠰᠧᠺᠦ᠋ᠨ᠋ᠳ᠋ ᠯᠡ ᠵᠥᠷᠢᠭᠰᠡᠨ ᠪᠢᠯᠡ᠃
ᠲᠠᠯ᠎ᠠ ᠨᠤᠲᠤᠭ ᠲᠤ᠌ ᠠᠩᠬᠠᠳᠠᠭᠴᠢ ᠤᠳᠠᠭ᠎ᠠ ᠦᠶᠡᠷ ᠰᠡᠷᠭᠡᠢᠯᠡᠬᠦ ᠰᠤᠪᠠᠭ ᠮᠠᠯᠲᠠᠨ ᠬᠠᠰᠢᠯᠭ᠎ᠠ ᠪᠠᠢᠭᠤᠯᠪᠠ᠃ ᠲᠤᠬᠠᠢ ᠶ᠋ᠢᠨ ᠦᠶᠡᠰ ᠠᠭᠤᠯᠠᠨ ᠦᠶᠡᠷ ᠂ᠱᠠᠩᠳᠤ ᠶ᠋ᠢᠨ ᠭᠣᠣᠯ ᠤ᠋ᠨ ᠲᠡᠯᠡᠷᠡᠯ ᠨᠢ ᠱᠠᠩᠳᠤ ᠨᠡᠢᠰᠯᠡᠯ ᠢ᠋ ᠰᠦᠷᠳᠡᠭᠦᠯᠵᠦ ᠪᠠᠢᠭᠰᠠᠨ ᠪᠣᠯᠬᠣᠷ ᠡᠷᠳᠡᠮᠲᠡᠨ ᠭᠦᠸᠧ ᠱᠤ᠌ ᠵᠢᠩ᠂ ᠲᠠᠯ᠎ᠠ ᠨᠤᠲᠤᠭ ᠲᠤ᠌ ᠦᠶᠡᠷ ᠰᠡᠷᠭᠡᠢᠯᠡᠵᠦ ᠦᠶᠡᠷ ᠬᠠᠰᠢᠬᠤ ᠪᠠᠷᠢᠯᠭ᠎ᠠ ᠶ᠋ᠢ ᠬᠡᠮᠵᠢᠨ ᠵᠢᠷᠤᠭᠯᠠᠵᠤ ᠬᠠᠢᠨ ᠪᠠᠢᠴᠠᠭᠠᠵᠤ ᠪᠠᠷᠢᠭᠰᠠᠨ ᠶᠤᠮ᠃
ᠱᠠᠩᠳᠤ ᠨᠡᠢᠰᠯᠡᠯ ᠳ᠋ᠦ᠍ ᠳᠡᠯᠡᠬᠡᠢ ᠳ᠋ᠦ᠍ ᠠᠩᠬᠠᠳᠠᠭᠴᠢ ᠤᠳᠠᠭ᠎ᠠ ᠬᠣᠯᠠ ᠭᠦᠶᠦᠳᠡᠯ ᠦ᠋ᠨ ᠤᠷᠤᠯᠳᠤᠭᠠᠨ ᠢ᠋ ᠵᠣᠬᠢᠶᠠᠨ ᠪᠠᠢᠭᠤᠯᠪᠠ᠃ ᠱᠠᠩᠳᠤ ᠨᠡᠢᠰᠯᠡᠯ ᠳ᠋ᠦ᠍ ᠡᠷ᠎ᠡ ᠶ᠋ᠢᠨ ᠭᠤᠷᠪᠠᠨ ᠨᠠᠭᠠᠳᠤᠮ ᠢ᠋ ᠮᠥᠷᠥᠢᠴᠡᠳᠡᠭ ᠢ᠋ᠶ᠋ᠡᠷ ᠪᠠᠷᠠᠬᠤ ᠦᠭᠡᠢ ᠪᠠᠰᠠ ᠬᠣᠯᠠ ᠭᠦᠶᠦᠳᠡᠯ ᠦ᠋ᠨ ᠤᠷᠤᠯᠳᠤᠭᠠᠨ ᠬᠢᠳᠡᠭ᠃ ᠲᠤᠬᠠᠢ ᠶ᠋ᠢᠨ ᠦᠶᠡᠰ《ᠭᠦᠶᠦᠭᠴᠢ》 ᠭᠡᠵᠦ ᠨᠡᠷᠡᠯᠡᠵᠦ ᠪᠠᠢᠪᠠ᠃180 ᠭᠠᠵᠠᠷ ᠢ᠋ ᠪᠠᠷᠤᠭ 6 ᠴᠠᠭ ᠭᠦᠶᠦᠳᠡᠭ᠃ ᠲᠡᠷᠢᠭᠦᠨ ᠭᠦᠶᠦᠭᠴᠢ ᠳ᠋ᠦ᠍ ᠡᠵᠡᠨ ᠬᠠᠭᠠᠨ ᠪᠡᠶ᠎ᠡ ᠪᠡᠷ ᠢ᠋ᠶ᠋ᠡᠨ ᠥᠯᠥᠭᠡᠢ ᠮᠥᠩᠭᠥᠨ ᠦ᠌ ᠱᠠᠩᠨᠠᠯ ᠭᠠᠷᠳᠠᠭᠤᠯᠳᠠᠭ ᠪᠠᠢᠪᠠ᠃ ᠡᠨᠡ ᠬᠦ᠌ ᠬᠣᠯᠠ ᠭᠦᠶᠦᠳᠡᠯ ᠦ᠋ᠨ ᠤᠷᠤᠯᠳᠤᠭᠠᠨ ᠨᠢ ᠳᠡᠯᠡᠬᠡᠢ ᠶ᠋ᠢᠨ ᠬᠣᠯᠠ ᠭᠦᠶᠦᠳᠡᠯ ᠦ᠋ᠨ ᠤᠷᠤᠯᠳᠤᠭᠠᠨ ᠠ᠋ᠴᠠ ᠬᠡᠳᠦᠨ ᠵᠠᠭᠤᠨ ᠵᠢᠯ ᠦ᠋ᠨ ᠡᠮᠦᠨᠡᠬᠢ ᠬᠡᠷᠡᠭ ᠪᠢᠯᠡ᠃
ᠳᠤᠮᠳᠠᠳᠤ ᠤᠯᠤᠰ ᠪᠠ ᠳᠡᠯᠡᠬᠡᠢ ᠳ᠋ᠠᠬᠢᠨ ᠳ᠋ᠤ᠌ ᠠᠩᠬᠠᠳᠠᠭᠴᠢ ᠤᠳᠠᠭ᠎ᠠ ᠠᠽᠢᠶ᠎ᠠ ᠧᠦ᠋ᠷᠣᠫᠠ ᠬᠣᠶᠠᠷ ᠲᠢᠪ ᠢ᠋ ᠬᠣᠯᠪᠣᠭᠰᠠᠨ ᠥᠷᠲᠡᠭᠡ ᠵᠠᠮ ᠪᠠᠢᠭᠤᠯᠵᠤ ᠳᠣᠷᠣᠨᠠᠳᠠᠬᠢᠨ ᠪᠠ ᠥᠷᠥᠨᠡᠳᠠᠬᠢᠨ ᠤ᠋ ᠠᠵᠤ ᠠᠬᠤᠢ᠂ ᠰᠣᠶᠣᠯ ᠤᠷᠠᠯᠢᠭ᠂ ᠠᠷᠠᠯᠵᠢᠶ᠎ᠠ ᠬᠤᠳᠠᠯᠳᠤᠭ᠎ᠠ ᠶ᠋ᠢᠨ ᠶᠡᠬᠡ ᠰᠣᠯᠢᠯᠴᠠᠭ᠎ᠠ ᠶ᠋ᠢ ᠶᠠᠪᠤᠭᠤᠯᠤᠭᠰᠠᠨ ᠶᠤᠮ᠃ ᠲᠤᠬᠠᠢ ᠶ᠋ᠢᠨ ᠦᠶᠡᠰ ᠤᠯᠤᠰ ᠤ᠋ᠨ ᠳᠣᠲᠣᠷ᠎ᠠ ᠤᠰᠤ ᠬᠠᠭᠤᠷᠠᠢ ᠶ᠋ᠢᠨ ᠥᠷᠲᠡᠭᠡ ᠵᠠᠮ ᠢ᠋ᠶ᠋ᠠᠷ ᠪᠦᠬᠦ ᠤᠯᠤᠰ ᠤ᠋ᠨ ᠳᠥᠷᠪᠡᠨ ᠵᠦᠭ ᠨᠠᠢ᠍ᠮᠠᠨ ᠵᠣᠪᠬᠢᠰ ᠢ᠋ ᠬᠣᠯᠪᠣᠭᠰᠠᠨ ᠢ᠋ᠶ᠋ᠠᠷ ᠪᠠᠷᠠᠬᠤ ᠦᠭᠡᠢ ᠪᠠᠰᠠ ᠳᠤᠮᠳᠠᠳᠤ ᠠᠽᠢᠶ᠎ᠠ᠂ ᠵᠡᠭᠦᠨ ᠧᠦ᠋ᠷᠣᠫᠠ ᠳ᠋ᠤ᠌ ᠬᠦᠷᠦᠭᠰᠡᠨ ᠥᠷᠲᠡᠭᠡ ᠵᠠᠮ ᠢ᠋ ᠭᠠᠷᠭᠠᠵᠤ ᠡᠯ᠎ᠡ ᠤᠯᠤᠰ ᠤ᠋ᠨ ᠠᠷᠠᠯᠵᠢᠶ᠎ᠠ ᠬᠤᠳᠠᠯᠳᠤᠭᠠᠨ ᠤ᠋ ᠡᠯᠴᠢ ᠲᠦᠰᠢᠮᠡᠯ᠂ ᠵᠢᠭᠤᠯᠴᠢᠨ ᠨᠠᠷ ᠤ᠋ᠨ ᠴᠢᠯᠥᠭᠡᠲᠡᠢ ᠶᠠᠪᠤᠯᠴᠠᠬᠤ ᠶ᠋ᠢ ᠪᠠᠲᠤᠯᠠᠭᠰᠠᠨ ᠶᠤᠮ᠃ ᠡᠨᠡ ᠬᠦ᠌ ᠥᠷᠲᠡᠭᠡ ᠵᠠᠮ ᠤ᠋ᠨ ᠨᠡᠪᠲᠡᠷᠡᠯᠲᠡ ᠨᠢ ᠥᠷᠥᠨᠡᠳᠠᠬᠢᠨ ᠳ᠋ᠤ᠌ ᠶᠡᠬᠡᠬᠡᠨ ᠰᠡᠩᠬᠡᠷᠡᠭᠦᠯᠦᠯ ᠣᠯᠭᠣᠵᠤ ᠠᠯᠤᠰ ᠳᠠᠯᠠᠢ ᠶ᠋ᠢᠨ ᠠᠶᠠᠯᠠᠯ ᠬᠢᠬᠦ ᠪᠣᠯᠭᠠᠭᠰᠠᠨ ᠰᠠᠨ᠃ ᠮᠠᠷᠺᠣ ᠫᠣᠯᠣ ᠪᠣᠯ ᠥᠷᠲᠡᠭᠡ ᠵᠠᠮ ᠢ᠋ᠶ᠋ᠠᠷ ᠳᠤᠮᠳᠠᠳᠤ ᠤᠯᠤᠰ ᠲᠤ᠌ ᠠᠢᠯᠴᠢᠯᠠᠭᠰᠠᠨ ᠵᠢᠭᠤᠯᠴᠢᠨ ᠶᠤᠮ᠃ ᠡᠢᠮᠦ ᠵᠢᠱ᠌ᠢᠶ᠎ᠡ ᠣᠯᠠᠨ᠃ ᠳᠤᠮᠳᠠᠳᠤ ᠤᠯᠤᠰ ᠪᠠ ᠳᠡᠯᠡᠬᠡᠢ ᠶ᠋ᠢᠨ ᠲᠡᠦᠬᠡᠨ ᠳ᠋ᠦ᠍ ᠵᠥᠪᠬᠡᠨ ᠮᠣᠩᠭᠣᠯᠴᠤᠳ ᠯᠠ ᠬᠣᠶᠠᠷ ᠲᠢᠪ ᠢ᠋ ᠬᠣᠯᠪᠣᠭᠰᠠᠨ ᠥᠷᠲᠡᠭᠡ ᠵᠠᠮ ᠢ᠋ ᠨᠡᠭᠡᠭᠡᠭᠰᠡᠨ ᠲᠡᠦᠬᠡ ᠲᠡᠢ᠃
ᠳᠤᠮᠳᠠᠳᠤ ᠤᠯᠤᠰ ᠲᠤ᠌ ᠴᠠᠭᠠᠰᠤᠨ ᠵᠣᠭᠣᠰ ᠢ᠋ ᠬᠠᠮᠤᠭ ᠡᠷᠲᠡ ᠬᠠᠮᠤᠭ ᠨᠢᠭᠡᠳᠦᠯᠲᠡᠢ᠂ ᠬᠠᠮᠤᠭ ᠪᠦᠷᠢᠨ ᠪᠦᠲᠦᠨ ᠶᠠᠪᠤᠭᠤᠯᠤᠭᠰᠠᠨ ᠦᠶᠡᠰ ᠪᠣᠯ ᠶᠤᠸᠠᠨ ᠤᠯᠤᠰ ᠤ᠋ᠨ ᠦᠶ᠎ᠡ᠂ ᠱᠠᠩᠳᠤ ᠨᠡᠢᠰᠯᠡᠯ ᠦ᠋ᠨ ᠦᠶ᠎ᠡ ᠶᠤᠮ ᠃ ᠣᠳᠣ ᠲᠥᠪ ᠦ᠋ᠨ ᠮᠦᠽᠧᠢ ᠳ᠋ᠦ᠍ ᠳᠡᠯᠭᠡᠵᠦ ᠪᠠᠢᠭ᠎ᠠ ᠬᠠᠮᠤᠭ ᠡᠷᠲᠡᠨ ᠦ᠌ ᠴᠠᠭᠠᠰᠤᠨ ᠵᠣᠭᠣᠰ᠂ ᠠᠯᠲᠠᠨ ᠵᠣᠭᠣᠰ ᠪᠣᠯ ᠶᠤᠸᠠᠨ ᠤᠯᠤᠰ ᠤ᠋ᠨ ᠶᠤᠮ᠂ ᠱᠠᠩᠳᠤ ᠨᠡᠢᠰᠯᠡᠯ ᠦ᠋ᠨ ᠶᠤᠮ᠃ ᠳᠤᠮᠳᠠᠳᠤ ᠤᠯᠤᠰ ᠤ᠋ᠨ ᠰᠣᠶᠣᠯ ᠤᠷᠠᠯᠢᠭ ᠤ᠋ᠨ ᠲᠡᠦᠬᠡᠨ ᠳᠡᠭᠡᠷᠡᠬᠢ ᠤᠳᠬ᠎ᠠ ᠤᠷᠠᠯᠢᠭ ᠤ᠋ᠨ ᠨᠢᠭᠡᠨ ᠣᠷᠭᠢᠯ ᠪᠣᠯ ᠶᠡᠬᠡ ᠶᠤᠸᠠᠨ ᠤᠯᠤᠰ ᠤ᠋ᠨ ᠰᠢ ᠳᠠᠭᠤᠯᠠᠯ ᠶᠤᠮ᠃ ᠬᠥᠮᠦᠰ ᠳᠠᠳᠬᠠᠯ ᠢ᠋ᠶ᠋ᠠᠷ ᠢ᠋ᠶ᠋ᠠᠨ ᠳᠠᠩ ᠤ᠋ᠨ ᠰᠢᠯᠦᠭ᠂ ᠰᠥᠩ ᠦ᠋ᠨ ᠳᠠᠭᠤᠯᠠᠯ᠂ ᠶᠤᠸᠠᠨ ᠤ᠋ ᠵᠦᠴᠦᠭᠡ ᠭᠡᠳᠡᠭ ᠪᠢᠯᠡ᠃ ᠶᠤᠸᠠᠨ ᠤᠯᠤᠰ ᠤ᠋ᠨ ᠰᠢ ᠳᠠᠭᠤᠯᠠᠯ ᠨᠢ ᠳᠠᠭᠤᠯᠠᠬᠤ᠂ ᠬᠥᠭᠵᠢᠮᠳᠡᠬᠦ᠂ ᠪᠥᠵᠢᠭᠯᠡᠬᠦ᠂ ᠶᠠᠷᠢᠬᠤ ᠶ᠋ᠢ ᠨᠢᠭᠡᠨ ᠴᠣᠭᠴᠠ ᠳ᠋ᠤ᠌ ᠤᠶᠠᠯᠳᠤᠭᠤᠯᠤᠨ ᠪᠦᠷᠢᠨᠰᠢᠭᠦᠯᠦᠭᠡᠳ ᠳᠤᠮᠳᠠᠳᠤ ᠤᠯᠤᠰ ᠤ᠋ᠨ ᠰᠢ ᠵᠦᠴᠦᠭᠡ ᠶ᠋ᠢ ᠲᠡᠦᠬᠡ ᠶ᠋ᠢᠨ ᠰᠢᠨ᠎ᠡ ᠱᠠᠲᠤᠨ ᠳ᠋ᠤ᠌ ᠠᠬᠢᠭᠤᠯᠤᠭᠰᠠᠨ ᠶᠤᠮ᠃
ᠶᠤᠸᠠᠨ ᠤᠯᠤᠰ ᠤ᠋ᠨ ᠦᠶ᠎ᠡ ᠳ᠋ᠦ᠍ 《ᠲᠠᠷᠢᠶᠠᠯᠠᠩ ᠤ᠋ᠨ ᠪᠢᠴᠢᠭ》᠃《ᠢᠳᠡᠭᠡᠨ ᠤᠮᠳᠠᠭᠠᠨ ᠤ᠋ ᠵᠢᠩᠬᠢᠨᠢ ᠲᠣᠪᠴᠢ》 ᠶ᠋ᠢ ᠠᠩᠬ᠎ᠠ ᠤᠳᠠᠭ᠎ᠠ ᠡᠮᠬᠢᠳᠬᠡᠨ ᠪᠢᠴᠢᠵᠦ ᠲᠠᠷᠢᠶᠠᠴᠢᠳ ᠲᠤ᠌ ᠲᠦᠭᠡᠭᠡᠨ ᠥᠭᠴᠦ ᠲᠠᠷᠢᠶᠠᠯᠠᠩ ᠤ᠋ᠨ ᠰᠢᠨᠵᠢᠯᠡᠬᠦ ᠤᠬᠠᠭᠠᠨ ᠢ᠋ ᠳᠡᠯᠭᠡᠷᠡᠭᠦᠯᠵᠦ᠂ ᠢᠳᠡᠭᠡᠨ ᠤᠮᠳᠠᠭᠠᠨ ᠤ᠋ ᠰᠢᠨᠵᠢᠯᠡᠬᠦ ᠤᠬᠠᠭᠠᠨ ᠢ᠋ ᠡᠷᠬᠢᠮᠯᠡᠭᠰᠡᠨ ᠶᠤᠮ᠃
ᠦᠵᠡᠰᠬᠦᠯᠡᠩ ᠰᠠᠢᠬᠠᠨ᠂ ᠥᠨᠢᠷ ᠪᠠᠶᠠᠨ ᠢ᠋ᠶ᠋ᠠᠷ ᠢ᠋ᠶ᠋ᠠᠨ ᠥᠷᠥᠨᠡᠳᠠᠬᠢᠨ ᠪᠠ ᠳᠣᠷᠣᠨᠠᠳᠠᠬᠢᠨ ᠳ᠋ᠤ᠌ ᠪᠢᠰᠢᠷᠡᠨ ᠭᠠᠢᠬᠠᠭᠳᠠᠵᠤ ᠪᠠᠬᠠᠳᠤᠨ ᠮᠠᠭᠲᠠᠭᠳᠠᠵᠤ ᠣᠴᠢᠵᠤ ᠦᠵᠡᠬᠦ ᠡᠷᠢᠯ ᠬᠦᠰᠡᠯ ᠦ᠋ᠨ ᠣᠷᠣᠨ ᠪᠣᠯᠵᠤ ᠪᠠᠢᠭᠰᠠᠨ ᠱᠠᠩᠳᠤ ᠨᠡᠢᠰᠯᠡᠯ ᠨᠢ ᠳᠣᠲᠣᠭᠠᠳᠤ ᠶ᠋ᠢᠨ ᠲᠡᠮᠡᠴᠡᠯ᠂ ᠲᠠᠷᠢᠶᠠᠴᠢᠨ ᠤ᠋ ᠪᠣᠰᠤᠯᠭ᠎ᠠ ᠳ᠋ᠤ᠌ ᠳᠠᠭᠠᠷᠢᠭᠳᠠᠨ ᠤᠷᠢᠳ ᠬᠣᠵᠢᠳ ᠳᠥᠷᠪᠡ ᠤᠳᠠᠭ᠎ᠠ ᠭᠠᠯᠳᠠᠭᠳᠠᠨ ᠲᠠᠯᠬᠢᠭᠳᠠᠭᠰᠠᠨ ᠢ᠋ᠶ᠋ᠠᠷ ᠪᠣᠷᠣ ᠳᠣᠪᠣ ᠪᠣᠯᠤᠨ ᠲᠠᠯ᠎ᠠ ᠨᠤᠲᠤᠭ ᠲᠠᠭᠠᠨ ᠮᠥᠩᠬᠡ ᠨᠣᠢᠷᠰᠤᠭᠰᠠᠨ ᠶᠤᠮ ᠪᠣᠯᠪᠠᠴᠤ ᠲᠡᠭᠦᠨ ᠦ᠌ ᠲᠡᠦᠬᠡᠨ ᠦᠢᠯᠡᠳᠦᠯ ᠪᠠ ᠦᠨ᠎ᠡ ᠥᠷᠲᠡᠭ ᠬᠠᠷᠢᠨ ᠰᠢᠲᠠᠭᠳᠠᠨ ᠳᠠᠭᠤᠰᠤᠭᠰᠠᠨ ᠪᠢᠰᠢ ᠶᠤᠮ᠃
1994 ᠣᠨ ᠤ᠋ ᠴᠠᠭᠠᠨ ᠰᠠᠷ᠎ᠠ ᠲᠥᠪ ᠦ᠋ᠨ ᠵᠤᠭᠠᠴᠠᠯ ᠤ᠋ᠨ ᠦᠢᠯᠡᠰ ᠦ᠋ᠨ ᠲᠣᠪᠴᠢᠶ᠎ᠠ ᠪᠣᠯᠤᠨ ᠤᠯᠤᠰ ᠤ᠋ᠨ ᠲᠡᠦᠬᠡ ᠳᠤᠷᠠᠰᠬᠠᠯ ᠤ᠋ᠨ ᠲᠣᠪᠴᠢᠶ᠎ᠠ᠂1994 ᠣᠨ ᠤ᠋ ᠳᠤᠮᠳᠠᠳᠤ ᠤᠯᠤᠰ ᠤ᠋ᠨ ᠲᠡᠦᠬᠡ ᠶ᠋ᠢᠨ ᠳᠤᠷᠠᠰᠬᠠᠯ ᠬᠠᠭᠤᠴᠢ ᠪᠠᠭᠤᠷᠢ ᠶ᠋ᠢᠨ ᠵᠤᠭᠠᠴᠠᠯ ᠤ᠋ᠨ ᠲᠤᠰᠬᠠᠢ ᠬᠥᠲᠥᠯᠪᠦᠷᠢ ᠥᠷᠨᠢᠭᠦᠯᠬᠦ ᠬᠥᠰᠢᠶ᠎ᠡ ᠶ᠋ᠢ ᠪᠡᠭᠡᠵᠢᠩ ᠦ᠋ᠨ ᠬᠠᠭᠠᠨ ᠤ᠋ ᠣᠷᠳᠣᠨ ᠳ᠋ᠤ᠌ ᠨᠡᠭᠡᠭᠡᠬᠦ ᠳ᠋ᠡᠭᠡᠨ ᠱᠠᠩᠳᠤ ᠠ᠋ᠴᠠ ᠵᠧᠵᠢᠶᠠᠩ ᠬᠦᠷᠬᠦ ᠵᠤᠭᠠᠴᠠᠯ ᠤ᠋ᠨ ᠨᠢᠭᠡ ᠱᠤᠭᠤᠮ ᠢ᠋ ᠨᠡᠭᠡᠭᠡᠵᠦ 《ᠮᠠᠷᠺᠣ ᠫᠣᠯᠣ ᠶ᠋ᠢᠨ ᠵᠢᠭᠤᠯᠴᠢᠯᠠᠯ ᠤ᠋ᠨ ᠱᠤᠭᠤᠮ》 ᠢ᠋ᠶ᠋ᠠᠷ ᠲᠣᠭᠲᠠᠭᠠᠭᠰᠠᠨ ᠨᠢ ᠱᠠᠩᠳᠤ ᠶ᠋ᠢᠨ ᠲᠡᠦᠬᠡᠨ ᠦᠢᠯᠡᠳᠦᠯ ᠦ᠋ᠨ ᠭᠠᠪᠢᠶ᠎ᠠ ᠵᠢᠳᠬᠦᠯ᠂ ᠰᠣᠶᠣᠯ ᠤᠷᠠᠯᠢᠭ ᠤ᠋ᠨ ᠦᠨ᠎ᠡ ᠥᠷᠲᠡᠭ ᠢ᠋ ᠥᠨᠳᠥᠷ ᠣᠢᠯᠠᠭᠠᠭᠰᠠᠨ ᠤ᠋ ᠪᠣᠳᠠᠲᠤ ᠭᠡᠷᠡᠴᠢ ᠶᠤᠮ᠃ ᠱᠠᠩᠳᠤ ᠪᠣᠯ ᠣᠳᠣᠬᠠᠨ ᠳ᠋ᠤ᠌ ᠨᠡᠯᠢᠶᠡᠳ ᠪᠦᠷᠢᠨ ᠪᠦᠲᠦᠨ ᠪᠠᠢᠭ᠎ᠠ ᠪᠦᠬᠦ ᠤᠯᠤᠰ ᠤ᠋ᠨ ᠨᠠᠢ᠍ᠮᠠᠨ ᠬᠠᠭᠤᠴᠢᠨ ᠨᠡᠢᠰᠯᠡᠯ ᠦ᠋ᠨ ᠨᠢᠭᠡ᠂ ᠳᠤᠮᠳᠠᠳᠤ ᠤᠯᠤᠰ ᠢ᠋ ᠨᠢᠭᠡᠳᠬᠡᠭᠰᠡᠨ ᠨᠡᠢᠰᠯᠡᠯ ᠦ᠋ᠨ ᠨᠢᠭᠡ ᠪᠡᠷ ᠲᠡᠮᠳᠡᠭᠯᠡᠭᠳᠡᠵᠦ ᠪᠠᠢᠭ᠎ᠠ ᠪᠢᠯᠡ᠃
ᠱᠠᠩᠳᠤ ᠨᠡᠢᠰᠯᠡᠯ ᠦ᠋ᠨ ᠵᠣᠷᠢᠭ ᠰᠠᠨᠠᠭ᠎ᠠ ᠶ᠋ᠢ ᠪᠠᠳᠠᠷᠠᠭᠤᠯᠬᠤ ᠨᠢ ᠡᠬᠡ ᠤᠯᠤᠰ ᠤ᠋ᠨ ᠨᠢᠭᠡᠳᠦᠯ᠂ ᠬᠥᠭᠵᠢᠯ ᠪᠠᠳᠠᠷᠠᠯ᠂ ᠦᠨᠳᠦᠰᠦᠲᠡᠨ ᠢ᠋ᠶ᠋ᠡᠨ ᠬᠠᠢᠷᠠᠯᠠᠨ ᠬᠠᠮᠠᠭᠠᠯᠠᠬᠤ ᠡᠬᠡ ᠣᠷᠣᠨᠴᠢ ᠦᠵᠡᠯ ᠦ᠋ᠨ ᠬᠥᠮᠦᠵᠢᠯ ᠦ᠋ᠨ ᠣᠬᠢ ᠰᠠᠢᠨ ᠵᠢᠱ᠌ᠢᠶ᠎ᠡ ᠶᠤᠮ᠃
ᠱᠠᠩᠳᠤ ᠨᠡᠢᠰᠯᠡᠯ ᠦ᠋ᠨ ᠵᠣᠷᠢᠭ ᠰᠠᠨᠠᠭ᠎ᠠ ᠶ᠋ᠢ ᠪᠠᠳᠠᠷᠠᠭᠤᠯᠬᠤ ᠨᠢ ᠮᠣᠩᠭᠣᠯᠴᠤᠳ ᠤ᠋ᠨ ᠤᠯᠠᠮᠵᠢᠯᠠᠯᠲᠤ ᠰᠢᠯᠢᠳᠡᠭ ᠰᠤᠷᠲᠠᠯ —ᠤᠰᠤ ᠭᠣᠣᠯ ᠪᠤᠵᠠᠷᠯᠠᠬᠤ ᠥᠬᠡᠢ᠂ ᠬᠥᠷᠥᠰᠥ ᠰᠢᠷᠣᠢ ᠡᠪᠳᠡᠬᠦ ᠦᠭᠡᠢ᠂ ᠮᠣᠳᠣ ᠪᠤᠷᠭᠠᠰᠤ ᠰᠦᠢᠳᠬᠡᠬᠦ ᠦᠭᠡᠢ᠂ ᠡᠬᠡ ᠪᠠᠢᠭᠠᠯᠢ ᠪᠠᠨ ᠡᠵᠢ ᠪᠡᠨ ᠰᠢᠭ ᠬᠠᠢᠷᠠᠯᠠᠳᠠᠭ ᠰᠠᠢᠨ ᠰᠠᠢᠬᠠᠨ ᠵᠠᠩ ᠳᠠᠳᠬᠠᠯ ᠢ᠋ᠶ᠋ᠠᠨ ᠰᠡᠷᠭᠦᠭᠡᠨ ᠪᠠᠳᠠᠷᠠᠭᠤᠯᠵᠤ᠂ ᠵᠠᠯᠭᠠᠮᠵᠢᠯᠠᠨ ᠠᠪᠴᠤ ᠤᠯᠠᠮᠵᠢᠯᠠᠨ ᠥᠭᠴᠦ᠂ ᠦᠶ᠎ᠡ ᠶ᠋ᠢᠨ ᠦᠶ᠎ᠡ ᠳ᠋ᠦ᠍ ᠦᠷ᠎ᠡ ᠶ᠋ᠢᠨ ᠦᠷ᠎ᠡ ᠳ᠋ᠦ᠍ ᠦᠯᠡᠳᠡᠭᠡᠬᠦ ᠥᠪ ᠬᠥᠷᠥᠩᠭᠡ ᠪᠣᠯ ᠬᠥᠷᠥᠰᠥ ᠪᠦᠲᠦᠨ ᠬᠣᠷᠸ᠎ᠠ᠂ ᠡᠯᠪᠡᠭ ᠳᠡᠯᠪᠡᠭ ᠠᠮᠢᠳᠤᠷᠠᠯ᠂ ᠡᠩᠬᠡ ᠪᠠᠶᠠᠨ ᠰᠣᠶᠣᠯ ᠪᠣᠯᠬᠤ ᠶ᠋ᠢᠨ ᠪᠣᠳᠠᠲᠠᠢᠵᠢᠯ ᠶᠤᠮ᠃
ᠥᠪᠥᠷ ᠮᠣᠩᠭᠣᠯ ᠤ᠋ᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠮᠣᠩᠭᠣᠯ
ᠲᠡᠦᠬᠡ ᠰᠤᠳᠤᠯᠬᠤ ᠭᠠᠵᠠᠷ ᠤ᠋ᠨ ᠳᠠᠷᠤᠭ᠎ᠠ ᠫᠷᠣᠹᠧᠰᠰᠣᠷ ᠠᠯᠳᠠᠠᠠᠤᠷᠭᠢᠯ
1999.11.26
ᠦᠰᠦᠭ ᠠᠮᠢᠯᠠᠭᠤᠯᠦᠭ᠍ᠴᠢ ᠄ᠨᠠᠷᠠᠩᠭᠤᠸ᠎ᠠ᠂ ᠰᠢᠵᠢᠷᠮᠠᠨᠳᠤᠯ᠎ᠠ᠂ ᠣᠶᠣᠨ᠂ ᠤᠶᠤᠨᠴᠢᠮᠡᠭ᠂ ᠤᠤᠭᠠᠨᠵᠢᠳ
ᠬᠢᠨᠡᠭ᠍ᠴᠢ᠄ ᠮᠤᠩᠭᠤᠯᠵᠠᠶᠠᠭ᠎ᠠ
ᠦᠷᠬᠦᠯᠵᠢᠯᠡᠯ ᠪᠣᠢ
