ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠲᠠᠪᠤ> Хан мунын сүүрс < доорд > – Мөнх зохиоов ᠂ Гутгаар бодь – Гуравдугаар бүлэг <5> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠲᠠᠪᠤ> Хан мунын сүүрс < доорд > – Мөнх зохиоов ᠂ Гутгаар бодь – Гуравдугаар бүлэг <5>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠲᠠᠪᠤ> Хан мунын сүүрс < доорд > – Мөнх зохиоов ᠂ Гутгаар бодь – Гуравдугаар бүлэг <5>

ᠠᠩᠭᠢᠯᠠᠯ:ᠲᠤᠭᠤᠵᠢ ᠷᠣᠮᠠᠨ
2025-02-22

254

ᠭᠤᠲᠠᠭᠠᠷ ᠪᠣᠲᠢ – ᠭᠤᠷᠪᠠᠳᠤᠭᠠᠷ ᠪᠦᠯᠦᠭ <ᠲᠠᠪᠤ>


                 ᠲᠠᠪᠤ   

       ᠳᠠᠷᠠᠰᠤᠲᠠᠢ ᠪᠤᠯᠤᠩ ᠤ᠋ᠨ ᠨᠠᠮᠬᠠᠨ ᠳᠣᠪᠣᠴᠠᠭ ᠢ᠋ ᠮᠣᠷᠢᠨ ᠤ᠋ ᠪᠠᠨ ᠠᠶ᠎ᠠ ᠪᠠᠷ ᠲᠠᠢᠪᠤᠭᠤᠬᠠᠨ ᠳᠠᠪᠠᠭᠠᠳ ᠭᠤᠰᠢᠯᠵᠠᠵᠤ ᠶᠠᠪᠤᠨ᠎ᠠ᠃ ᠡᠨᠡ ᠬᠥᠮᠦᠨ ᠮᠢᠩᠭᠠᠨᠪᠤᠤ ᠪᠠᠢᠯ᠎ᠠ᠃ 
       ᠮᠢᠩᠭᠠᠨᠪᠤᠤ ᠭᠣᠪᠢ ᠨᠤᠲᠤᠭ ᠢ᠋ ᠵᠣᠷᠢᠨ ᠬᠤᠪᠢᠯᠴᠡᠴᠡᠭ ᠦ᠋ᠨ ᠰᠤᠷᠠᠭ ᠢ᠋ ᠬᠠᠢᠯ᠎ᠠ᠃ ᠬᠤᠪᠢᠯᠴᠡᠴᠡᠭ ᠦ᠋ᠨ ᠬᠠᠭᠤᠴᠢᠨ ᠨᠤᠲᠤᠭ ᠤ᠋ᠨ ᠪᠠᠭᠤᠷᠢ ᠶ᠋ᠢ ᠨᠢ ᠶᠠᠭᠠᠬᠢᠬᠤ ᠠᠷᠭ᠎ᠠ ᠦᠭᠡᠢ ᠲᠠᠨᠢᠭᠠᠳ ᠪᠠᠢᠯ᠎ᠠ᠁ ᠪᠣᠷᠣ ᠭᠡᠷ ᠪᠣᠰᠬᠠᠵᠤ ᠪᠠᠢᠭᠰᠠᠨ ᠲᠥᠭᠥᠷᠢᠭ ᠳᠤᠭᠤᠢ ᠣᠷᠣᠮ ᠲᠡᠳᠦᠢ ᠪᠢᠴᠢᠬᠠᠨ ᠬᠠᠯᠴᠠᠷᠠᠭᠰᠠᠨ ᠭᠠᠵᠠᠷ ᠪᠠ ᠠᠷᠭᠠᠯ ᠲᠦᠯᠡᠭᠡᠨ ᠦ᠌ ᠭᠠᠵᠠᠷ ᠴᠦ᠍ ᠡᠪᠡᠰᠦ ᠯᠤᠤᠯᠢ ᠤᠷᠭᠤᠨ ᠦᠨᠡᠰᠦᠨ ᠦ᠌ ᠣᠪᠣᠭ᠎ᠠ ᠶ᠋ᠢᠨ ᠳᠡᠷᠭᠡᠳᠡ ᠬᠠᠷᠢᠨ ᠤᠮᠠᠷᠠᠵᠤ ᠰᠢᠷᠠᠯᠠᠭᠰᠠᠨ ᠪᠤᠶᠤ ᠬᠥᠭᠡᠴᠦᠷᠡᠭᠰᠡᠨ ᠢᠰᠡᠭᠡᠢ ᠶ᠋ᠢᠨ ᠥᠭᠡᠳᠡᠰᠦ᠂ ᠦᠨᠡᠰᠦ ᠰᠢᠪᠠᠷ ᠲᠤ ᠪᠤᠯᠠᠭᠳᠠᠭᠰᠠᠨ ᠤᠩᠭᠠᠰᠤ ᠬᠢᠯᠭᠠᠰᠤᠨ ᠤ᠋ ᠣᠷᠣᠮ ᠲᠡᠳᠦᠢᠬᠡᠨ ᠶᠠᠭᠤᠮ᠎ᠠ ᠯᠠ《ᠶᠡᠬᠡ ᠡᠷᠲᠡ ᠡᠨᠳᠡ ᠬᠤᠪᠢᠯᠴᠡᠴᠡᠭ ᠭᠡᠳᠡᠭ ᠪᠦᠰᠡᠭᠦᠢ ᠬᠦᠦ ᠲᠡᠢ ᠪᠡᠨ ᠰᠠᠭᠤᠵᠤ ᠪᠠᠢᠭᠰᠠᠨ᠁》 ᠭᠡᠵᠦ ᠬᠡᠯᠡᠬᠦ ᠰᠢᠭ ᠬᠠᠷᠠᠭᠳᠠᠬᠤ ᠠ᠋ᠴᠠ ᠥᠭᠡᠷ᠎ᠡ ᠲᠠᠨᠢᠭᠳᠠᠬᠤ ᠶᠠᠭᠤᠮ᠎ᠠ ᠠᠯᠠᠭ᠎ᠠ᠃ 
       ᠤᠰᠤ ᠨᠢ ᠰᠢᠷᠭᠢᠭᠰᠡᠨ ᠬᠠᠭᠤᠷᠠᠢ ᠬᠤᠳᠳᠤᠭ ᠤ᠋ᠨ ᠬᠠᠪᠢ ᠳ᠋ᠤ᠌ ᠬᠠᠷ᠎ᠠ ᠰᠡᠭᠦᠯᠲᠦ ᠵᠡᠭᠡᠷ᠎ᠡ ᠶ᠋ᠢᠨ ᠰᠦᠷᠦᠭ ᠲᠠᠢᠪᠤᠩ ᠪᠡᠯᠴᠢᠵᠦ᠂ ᠤᠨᠤᠭ᠎ᠠ ᠲᠠᠢ ᠭᠠᠭᠴᠠ ᠡᠪᠦᠭᠡᠨ ᠬᠥᠮᠦᠨ ᠢ᠋ ᠳᠡᠮᠡᠢ ᠲᠣᠭᠣᠬᠤ ᠦᠭᠡᠢ ᠣᠭᠣᠲᠣᠷ ᠬᠠᠷ᠎ᠠ ᠰᠡᠭᠦᠯ ᠢ᠋ᠶ᠋ᠡᠨ ᠬᠠᠶᠠ ᠭᠣᠳᠣᠭᠣᠨᠠᠭᠤᠯᠤᠨ ᠡᠪᠡᠰᠦ ᠴᠢᠮᠬᠢᠯᠡᠨ᠎ᠡ᠃ ᠭᠣᠪᠢ ᠶ᠋ᠢᠨ ᠬᠠᠷ᠎ᠠ ᠰᠡᠭᠦᠯᠲᠦ ᠨᠦ᠍ᠭᠦᠳ ᠴᠦ᠍ ᠡᠪᠦᠭᠡᠷᠡᠭᠰᠡᠨ ᠰᠢᠪᠠᠭᠤ ᠶ᠋ᠢ ᠮᠠᠭᠤ ᠦᠵᠡᠵᠦ《ᠳᠠᠪᠬᠢᠶ᠎ᠠ ᠮᠣᠷᠢᠨ ᠳᠡᠭᠡᠷ᠎ᠡ ᠡᠴᠡ ᠮᠠᠨᠤᠰ ᠠ᠋ᠴᠠ ᠰᠢᠭᠢᠷᠡᠳᠡᠵᠦ ᠪᠠᠢᠭᠰᠠᠨ ᠣᠮᠣᠭ ᠵᠢᠪᠬᠤᠭ᠎ᠠ ᠴᠢᠨᠢ ᠶᠠᠭᠠᠬᠢᠪᠠ⁈》 ᠭᠡᠵᠦ ᠲᠠᠪᠠᠯᠠᠬᠤ ᠰᠢᠭ᠋ ᠰᠠᠨᠠᠭᠳᠠᠭᠰᠠᠨ ᠳ᠋ᠤ᠌ ᠮᠢᠩᠭᠠᠨᠪᠤᠤ《ᠪᠢ ᠡᠪᠦᠭᠡᠷᠡᠵᠡᠢ ᠠ᠋᠂ ᠬᠡᠷᠡᠭ ᠡᠴᠡ ᠪᠡᠨ ᠭᠠᠷᠴᠢᠬᠠᠭᠰᠠᠨ ᠬᠥᠮᠦᠨ ᠬᠣᠢᠨ᠎ᠠ》 ᠭᠡᠵᠦ ᠰᠡᠳᠬᠢᠯ ᠳ᠋ᠡᠭᠡᠨ ᠰᠢᠪᠡᠨᠡᠨ ᠮᠣᠷᠢᠨ ᠠ᠋ᠴᠠ ᠪᠠᠨ ᠪᠠᠭᠤᠪᠠ᠃  
       ᠮᠢᠩᠭᠠᠨᠪᠤᠤ ᠮᠣᠷᠢᠨ ᠤ᠋ ᠪᠠᠨ ᠬᠠᠵᠠᠭᠠᠷ ᠢ᠋ ᠮᠤᠯᠲᠤᠯᠤᠨ ᠡᠪᠡᠰᠦ ᠬᠠᠵᠠᠯᠠᠭᠤᠯᠵᠤ᠂ ᠢᠷᠣᠭᠠᠷ ᠨᠢ ᠰᠢᠷᠭᠢᠬᠦ ᠰᠢᠬᠠᠭᠰᠠᠨ ᠰᠢᠮᠡᠭᠦᠷ ᠬᠣᠣ ᠠ᠋ᠴᠠ ᠪᠠᠨ ᠨᠢᠭᠡ ᠣᠭᠣᠴᠢ ᠶᠠᠭᠤᠮ᠎ᠠ ᠰᠢᠮᠡᠵᠦ᠂ ᠬᠠᠰ ᠰᠣᠷᠣᠭᠤᠯ ᠲᠠᠢ ᠭᠠᠩᠰᠠ ᠪᠠᠨ ᠨᠠᠷᠠᠨ ᠤᠲᠤᠭ᠎ᠠ ᠤᠭᠤᠭᠢᠭᠤᠯᠤᠭᠠᠳ ᠨᠥᠭᠦᠭᠡ ᠬᠠᠷ᠎ᠠ ᠰᠡᠭᠦᠯᠲᠦ ᠨᠦ᠍ᠭᠦᠳ ᠢ᠋ ᠰᠡᠳᠬᠢᠯ ᠳ᠋ᠡᠭᠡᠨ ᠪᠠᠬᠠᠳᠤᠵᠤ《ᠡᠳᠡ ᠥᠨᠥᠴᠢᠨ ᠢᠨᠵᠠᠭ᠎ᠠ ᠶ᠋ᠢᠨ ᠮᠢᠨᠢ ᠤᠳᠤᠮ ᠴᠦ᠍ ᠪᠣᠯᠪᠠ ᠤᠤ᠃ ᠬᠥᠬᠡᠷᠦᠬᠦᠢ ᠳᠡ! ᠨᠤᠲᠤᠭ ᠤ᠋ᠨ ᠢ᠋ᠶ᠋ᠠᠨ ᠲᠣᠷᠭᠠᠨ ᠪᠡᠯᠴᠢᠭᠡᠷ ᠲᠦ᠍ ᠡᠷᠬᠡ ᠳᠤᠷ᠎ᠠ ᠪᠠᠷ ᠢ᠋ᠶ᠋ᠠᠨ ᠪᠡᠯᠴᠢᠵᠦ ᠶᠠᠪᠤᠬᠤ ᠠ᠋ᠴᠠ ᠢᠯᠡᠭᠦᠦ ᠰᠠᠢᠬᠠᠨ ᠵᠢᠷᠭᠠᠯ ᠬᠠᠮᠢᠭ᠎ᠠ ᠪᠠᠢᠨ᠎ᠠ? ᠨᠠᠳᠠ ᠰᠢᠭ᠋ ᠨᠤᠲᠤᠭ ᠤᠰᠤᠨ ᠠ᠋ᠴᠠ ᠪᠠᠨ ᠠᠯᠤᠰ ᠴᠥᠯᠡᠭᠳᠡᠵᠦ ᠶᠠᠪᠤᠭ᠎ᠠ ᠶᠠᠳᠠᠭᠰᠠᠨ ᠡᠪᠦᠭᠡᠨ ᠢ᠋ ᠲᠠ ᠨᠠᠷ ᠲᠣᠭᠣᠵᠤ ᠶᠠᠳᠠᠬᠤ ᠨᠢ ᠠᠷᠭ᠎ᠠ ᠦᠭᠡᠢ᠃ ᠭᠠᠮᠢᠩ ᠤ᠋ᠨ ᠭᠠᠰᠢᠭᠤᠨ ᠳᠠᠷᠢ ᠶ᠋ᠢᠨ ᠤᠲᠤᠭᠠᠨ ᠳ᠋ᠤ᠌ ᠬᠠᠬᠠᠵᠤ ᠡᠨᠳᠡᠭᠰᠡᠨ ᠲᠡᠷᠡ ᠰᠢᠷᠠᠭᠴᠢᠨ ᠰᠢᠭ᠋ ᠬᠠᠷᠠᠰᠠᠯᠲᠤ ᠲᠡᠦᠬᠡ ᠲᠠᠨ ᠤ᠋ ᠤᠳᠤᠮ ᠤᠭᠰᠠᠭᠠᠨ ᠳ᠋ᠤ᠌ ᠳᠠᠬᠢᠵᠤ ᠪᠢᠲᠡᠭᠡᠢ ᠭᠠᠷᠤᠭᠠᠰᠠᠢ! ᠴᠠᠭᠠᠨ ᠰᠦᠷᠦᠭ ᠲᠦ᠍ ᠴᠢᠨᠢ ᠬᠠᠷ᠎ᠠ ᠰᠠᠪᠠᠷ ᠲᠥᠷᠥᠬᠦ ᠪᠤᠷᠤᠭᠤ ᠰᠠᠨᠠᠭᠠᠲᠠᠨ ᠠ᠋ᠴᠠ ᠦᠷᠭᠦᠮᠡᠲᠡᠭᠡᠢ ᠰᠣᠷᠭᠣᠭ ᠶᠠᠪᠤᠭᠠᠰᠠᠢ ᠳᠠ!᠁ ᠬᠠᠷ᠎ᠠ ᠰᠡᠭᠦᠯᠲᠦ ᠨᠦ᠍ᠭᠦᠳ ᠮᠢᠨᠢ᠁》 ᠭᠡᠵᠦ ᠳᠦᠳᠦᠨᠡᠭᠡᠳ ᠪᠣᠰᠴᠤ ᠮᠣᠷᠳᠠᠨ ᠴᠠᠭᠠᠰᠢ ᠠᠢᠯ ᠤ᠋ᠨ ᠪᠠᠷ᠎ᠠ ᠬᠠᠢᠪᠠ᠃ 
       ᠬᠤᠪᠢᠯᠴᠡᠴᠡᠭ ᠢ᠋ᠶ᠋ᠡᠨ ᠬᠠᠢᠷᠠᠯᠠᠵᠤ ᠬᠠᠷᠠᠮᠨᠠᠬᠤ ᠬᠤᠪᠢ ᠲᠠᠪᠢᠯᠠᠩ ᠦᠭᠡᠢ ᠪᠠᠢᠵᠢ ᠳᠠ ᠭᠡᠰᠡᠨ ᠭᠤᠨᠢᠶᠠᠯ ᠳ᠋ᠤ᠌ ᠰᠢᠨᠠᠯᠤᠨ ᠶᠠᠪᠤᠬᠤ ᠵᠠᠭᠤᠷ᠎ᠠ ᠪᠠᠨ ᠵᠠᠯᠠᠭᠤ ᠨᠠᠰᠤᠨ ᠤ᠋ ᠭᠠᠯ ᠬᠠᠢᠷ᠎ᠠ ᠶ᠋ᠢᠨ ᠬᠡᠯᠲᠡᠷᠬᠡᠢ ᠶ᠋ᠢ ᠴᠣᠭᠰᠢᠭᠤᠯᠵᠤ ᠶᠠᠪᠤᠭᠰᠠᠨ ᠢ᠋ᠶ᠋ᠠᠨ ᠭᠡᠮᠰᠢᠨ ᠰᠠᠨᠠᠵᠤ᠂ ᠬᠤᠪᠢᠯᠴᠡᠴᠡᠭ ᠦ᠋ᠨ ᠬᠠᠭᠤᠴᠢᠨ ᠪᠠᠭᠤᠷᠢ ᠠ᠋ᠴᠠ ᠰᠠᠯᠵᠤ ᠦᠯᠦ ᠲᠦᠪᠳᠡᠨ ᠶᠠᠭᠠᠬᠢᠬᠤ ᠠᠷᠭ᠎ᠠ ᠦᠭᠡᠢ ᠰᠡᠳᠬᠢᠯ ᠠᠷᠭᠠᠮᠵᠢᠭᠳᠠᠵᠤ ᠪᠠᠢᠯ᠎ᠠ᠁ 
      《ᠬᠤᠪᠢᠯᠴᠡᠴᠡᠭ ᠦ᠋ᠨ ᠬᠦᠦ ᠠᠩᠴᠢᠨᠵᠠᠪ ᠠᠷᠪᠠᠨ ᠬᠡᠳᠦᠲᠡᠢ ᠳᠡᠭᠡᠷ᠎ᠡ ᠪᠡᠨ ᠡᠮᠦᠨ᠎ᠡ ᠭᠣᠪᠢ ᠶ᠋ᠢᠨ ᠴᠠᠭᠠᠳᠤ ᠮᠤᠨᠠ ᠠᠭᠤᠯᠠᠨ ᠠ᠋ᠴᠠ ᠢᠷᠡᠭᠰᠡᠨ ᠪᠠᠶᠠᠷᠲᠤ ᠯᠠᠮᠠᠬᠦᠦ ᠭᠡᠰᠡᠨ ᠬᠣᠶᠠᠷ ᠰᠠᠢᠨ ᠡᠷ᠎ᠡ ᠲᠡᠢ ᠬᠠᠨᠢᠰᠠᠵᠤ ᠶᠠᠪᠤᠭᠠᠳ ᠰᠤᠷᠠᠭ ᠲᠠᠰᠤᠷᠠᠭᠰᠠᠨ᠁ ᠬᠦᠦ ᠶ᠋ᠢᠨ ᠢ᠋ᠶ᠋ᠡᠨ ᠬᠣᠢᠨ᠎ᠠ ᠠ᠋ᠴᠠ ᠲᠠᠩᠰᠢᠵᠤ ᠬᠣᠴᠣᠷᠤᠭᠰᠠᠨ ᠬᠤᠪᠢᠯᠴᠡᠴᠡᠭ ᠴᠦ᠍ ᠬᠡᠳᠦᠨ ᠵᠢᠯ ᠦ᠋ᠨ ᠳᠠᠷᠠᠭ᠎ᠠ ᠲᠡᠮᠡᠭᠡᠨ ᠵᠢᠩ ᠦ᠋ᠨ ᠠᠴᠢᠶ᠎ᠠ ᠳ᠋ᠤ᠌ ᠳᠠᠢᠭᠳᠠᠵᠤ ᠡᠮᠦᠨᠡᠰᠢᠯᠡᠭᠰᠡᠨ᠁》 ᠭᠡᠰᠡᠨ ᠨᠤᠲᠤᠭ ᠤ᠋ᠨ ᠬᠢᠨᠢ ᠬᠥᠮᠦᠰ ᠦ᠋ᠨ ᠶᠠᠷᠢᠭᠰᠠᠨ ᠢ᠋ ᠭᠠᠨᠵᠤᠭᠠᠯᠠᠵᠤ ᠮᠢᠩᠭᠠᠨᠪᠤᠤ ᠲᠥᠷᠥᠭᠰᠡᠨ ᠨᠤᠲᠤᠭ ᠵᠦᠭ ᠢ᠋ᠶ᠋ᠡᠨ ᠠᠶᠠᠨ ᠤ᠋ ᠵᠢᠯᠣᠭᠣ ᠪᠠᠨ ᠵᠠᠯᠠᠪᠠ᠃ 
       ᠬᠥᠬᠡ ᠪᠡᠴᠢᠨ ᠵᠢᠯ ᠦ᠋ᠨ ᠵᠤᠨ ᠢ᠋ᠶ᠋ᠠᠷ ᠮᠢᠩᠭᠠᠨᠪᠤᠤ ᠶ᠋ᠢᠨ ᠴᠦᠯᠡᠯᠭᠡ ᠶ᠋ᠢᠨ ᠬᠤᠭᠤᠴᠠᠭ᠎ᠠ ᠳᠠᠭᠤᠰᠴᠤ ᠨᠤᠲᠤᠭ ᠤ᠋ᠨ ᠪᠠᠷ᠎ᠠ ᠬᠠᠷᠠᠭᠰᠠᠨ ᠴᠦ᠍ ᠬᠡᠪᠲᠡᠯᠭᠡᠨ ᠳ᠋ᠦ᠍ ᠣᠷᠣᠵᠤ ᠬᠥᠮᠦᠨ ᠦ᠌ ᠭᠠᠷ ᠲᠦᠰᠢᠬᠦ ᠪᠣᠯᠪᠠ᠃ 
       ᠬᠠᠷᠢ ᠨᠤᠲᠤᠭ ᠬᠥᠮᠦᠨ ᠦ᠌ ᠭᠠᠵᠠᠷ ᠬᠠᠯᠠ ᠲᠠᠮᠤ ᠠᠮᠰᠠᠵᠤ ᠶᠠᠪᠤᠭᠰᠠᠨ ᠪᠣᠯᠪᠠᠴᠤ ᠤᠷᠠᠳ ᠨᠤᠲᠤᠭ ᠤ᠋ᠨ ᠢ᠋ᠶ᠋ᠠᠨ ᠬᠤᠪᠢ ᠵᠠᠶᠠᠭ᠎ᠠ ᠦᠷ᠎ᠡ ᠬᠣᠢᠴᠢᠰ ᠤᠳᠤᠮ ᠤᠭᠰᠠᠭᠠᠨ ᠤ᠋ ᠪᠠᠨ ᠲᠥᠯᠥᠭᠡ ᠰᠢᠷᠪᠥᠰᠥ ᠬᠠᠲᠠᠭᠤ ᠰᠢᠵᠠᠭᠤᠷ ᠵᠠᠭᠤᠵᠤ ᠶᠠᠪᠤᠭᠰᠠᠨ ᠡᠷ᠎ᠡ ᠶ᠋ᠢᠨ ᠨᠢᠭᠡ ᠪᠡᠷ ᠨᠤᠲᠤᠭ ᠤ᠋ᠨ ᠪᠠᠷ᠎ᠠ ᠶ᠋ᠢ ᠡᠳᠦᠷ ᠦ᠋ᠨ ᠨᠠᠷᠠ ᠲᠠᠢ ᠪᠠᠷᠠᠳᠠᠵᠤ ᠢᠷᠡᠭᠰᠡᠨ ᠳ᠋ᠡᠭᠡᠨ ᠴᠠᠭᠠᠨ᠎ᠠ ᠪᠠᠨ ᠣᠮᠣᠭᠰᠢᠬᠤ ᠬᠥᠷᠥᠩᠭᠡ ᠲᠡᠢ ᠰᠢᠭ ᠰᠠᠨᠠᠭᠳᠠᠨ᠎ᠠ᠃  
       ᠨᠠᠰᠤᠨ ᠤ᠋ ᠬᠠᠨᠢ ᠵᠠᠶᠠᠭᠠᠨ ᠤ᠋ ᠬᠢᠨᠢ ᠲᠦᠰᠢᠭ ᠪᠣᠯᠤᠭᠰᠠᠭᠠᠷ ᠢᠷᠡᠭᠰᠡᠨ ᠰᠠᠮᠠᠭᠠᠨ ᠮᠠᠨᠤᠨᠪᠠᠳᠮ᠎ᠠ ᠶ᠋ᠢᠨ ᠢ᠋ᠶ᠋ᠡᠨ ᠪᠡᠯᠭᠡᠲᠦ ᠠᠮᠠᠨ ᠠ᠋ᠴᠠ《ᠪᠠᠭ᠎ᠠ ᠬᠠᠲᠤᠨ ᠰᠢᠷ᠎ᠠ ᠴᠡᠷᠢᠭ ᠦ᠋ᠨ ᠰᠢᠬᠠᠮᠳᠠᠭᠤᠯᠤᠭ᠎ᠠ ᠪᠠᠷ ᠪᠠᠷᠠᠭᠤᠨᠰᠢ ᠪᠤᠷᠤᠭᠤᠯᠠᠵᠤ ᠬᠠᠩᠬᠠᠳᠠᠢ ᠤᠷᠤᠭᠤ ᠵᠠᠢᠯᠠᠭᠰᠠᠨ ᠪᠣᠯᠪᠠᠴᠤ ᠬᠠᠷ᠎ᠠ ᠴᠡᠷᠢᠭ ᠦ᠋ᠨ ᠥᠮᠥᠭ ᠲᠦ᠍ ᠸᠠᠩ ᠰᠣᠬᠣᠷ ᠤ᠋ᠨ ᠡᠨᠡᠷᠢᠯ ᠢ᠋ ᠬᠦᠷᠲᠡᠵᠦ᠂ ᠵᠠᠩᠵᠤᠨ ᠶᠠᠮᠤᠨ ᠤ᠋ ᠡᠵᠡᠨ ᠨᠣᠶᠠᠨ ᠤ᠋ ᠵᠥᠪᠰᠢᠶᠡᠷᠡᠯ ᠢ᠋ᠶ᠋ᠡᠷ ᠤᠷᠠᠳ ᠤ᠋ᠨ ᠪᠠᠷᠠᠭᠤᠨ ᠬᠦᠩ ᠦ᠋ᠨ ᠠᠮᠤᠷ ᠢ᠋ ᠬᠠᠮᠠᠭᠠᠯᠠᠬᠤ ᠴᠡᠷᠢᠭ ᠦ᠋ᠨ ᠰᠸᠯᠢᠩ ᠦ᠋ᠨ ᠣᠳᠣ ᠵᠡᠭᠦᠵᠡᠢ᠃ ᠬᠠᠷ᠎ᠠ ᠴᠡᠷᠢᠭ ᠲᠡᠢ ᠬᠠᠮᠵᠢᠵᠤ ᠰᠢᠷ᠎ᠠ ᠴᠡᠷᠢᠭ ᠢ᠋ ᠪᠠᠷᠠᠭᠤᠨᠰᠢᠯᠠᠬᠤ ᠳ᠋ᠤ᠌ ᠲᠤᠯᠵᠤ ᠪᠠᠢᠯᠳᠤᠭᠠᠳ ᠶᠡᠬᠡᠳᠡ ᠴᠤᠤ ᠮᠠᠨᠳᠤᠵᠤ᠂ ᠣᠳᠣ ᠨᠤᠲᠤᠭ ᠪᠤᠴᠠᠬᠤ ᠰᠦᠷᠡᠬᠡᠢ ᠶᠠᠭᠤᠮ᠎ᠠ ᠪᠣᠯᠤᠭᠰᠠᠨ ᠠ᠋!᠁ ᠲᠡᠷᠡᠴᠢᠯᠡᠨ<ᠪᠠᠭ᠎ᠠ ᠵᠠᠰᠠᠭ>ᠴᠦ᠍ ᠡᠰᠡᠨ ᠮᠡᠨᠳᠦ ᠲᠣᠷᠨᠢᠨ ᠥᠰᠴᠦ ᠪᠠᠢᠭ᠎ᠠ》 ᠭᠡᠬᠦ ᠰᠠᠢᠨ ᠴᠢᠮᠡᠭᠡ ᠶ᠋ᠢ ᠰᠣᠨᠣᠰᠤᠭᠠᠳ ᠪᠡᠶ᠎ᠡ ᠶ᠋ᠢᠨ ᠡᠪᠡᠷᠰᠢᠯ ᠢ᠋ᠶ᠋ᠡᠷ ᠵᠣᠪᠠᠨᠢᠭᠰᠠᠨ ᠴᠢᠷᠠᠢ ᠳ᠋ᠤᠨᠢ ᠦᠯᠦ ᠮᠡᠳᠡᠭ ᠢᠨᠢᠶᠡᠮᠰᠦᠭᠯᠡᠯ ᠲᠣᠳᠣᠷᠠᠨ᠄《 ᠪᠢ ᠥᠲᠡᠯᠵᠦ<ᠡᠪᠦᠭᠡᠨ ᠰᠢᠪᠠᠭᠤ> ᠪᠠᠨ ᠳᠠᠭᠤᠯᠠᠬᠤ ᠴᠠᠭ ᠣᠢᠷᠠᠲᠤᠯ᠎ᠠ᠁<ᠪᠠᠭ᠎ᠠ ᠵᠠᠰᠠᠭ> ᠪᠠᠰᠠ ᠪᠠᠯᠴᠢᠷ ᠪᠠᠢᠭᠰᠠᠭᠠᠷ᠁ ᠣᠳᠣᠬᠠᠨ ᠳ᠋ᠤ᠌ ᠬᠦᠦ ᠴᠣᠭᠪᠠᠭᠠᠲᠤᠷ ᠢ᠋ ᠳᠣᠳᠣᠮᠳᠠᠵᠤ ᠳᠥᠷᠥᠭᠡ ᠶ᠋ᠢ ᠨᠢ ᠡᠷᠭᠦᠶ᠎ᠡ!》 ᠭᠡᠬᠦ ᠳ᠋ᠦ᠍ᠨᠢ ᠮᠠᠨᠤᠨᠪᠠᠳᠮ᠎ᠠ ᠰᠠᠨᠠᠭ᠎ᠠ ᠶ᠋ᠢ ᠨᠢ ᠣᠢᠯᠠᠭᠠᠵᠤ᠂ ᠴᠠᠭᠠᠳᠤᠭᠤᠯᠠ ᠳ᠋ᠠᠭᠠᠨ《ᠪᠢᠷ ᠴᠠᠭᠠᠰᠤ᠂ ᠪᠡᠬᠡ ᠵᠢᠭᠤᠷᠠᠭᠤᠯ ᠨᠠᠭᠠᠰᠢᠯᠠᠭᠤᠯ!》 ᠭᠡᠬᠦ ᠳ᠋ᠦ᠍ ᠵᠠᠷᠤᠴᠠ ᠬᠡᠦᠬᠡᠨ ᠪᠢᠴᠢᠭ ᠦ᠋ᠨ ᠬᠣᠷᠭᠣᠨ ᠠ᠋ᠴᠠ ᠬᠠᠭᠤᠴᠢᠨ ᠶᠠᠮᠤᠨ ᠤ᠋ ᠪᠢᠴᠢᠭᠡᠴᠢ ᠶ᠋ᠢᠨ ᠤᠯᠠᠭᠠᠨ ᠱᠤᠭᠤᠮ ᠲᠠᠢ ᠴᠠᠭᠠᠰᠤ᠂ ᠪᠢᠷ᠂ ᠶᠠᠨᠳᠠᠢ ᠵᠡᠷᠭᠡ ᠶ᠋ᠢ ᠪᠡᠯᠡᠨ ᠪᠣᠯᠭᠠᠪᠠ᠃ 
       ᠮᠠᠨᠤᠨᠪᠠᠳᠮ᠎ᠠ᠂ ᠡᠪᠦᠭᠡᠨ ᠦ᠌ ᠳᠠᠯᠤ ᠮᠥᠷᠦᠨ ᠡᠴᠡ ᠡᠪᠲᠡᠢᠬᠡᠨ ᠡᠷᠭᠦᠵᠦ ᠪᠤᠰᠬᠠᠭᠠᠳ ᠨᠢᠳᠦ ᠪᠡᠷ ᠢ᠋ᠶ᠋ᠡᠨ ᠵᠠᠷᠤᠴᠠ ᠥᠬᠢᠨ ᠳ᠋ᠦ᠍《ᠴᠢᠨᠦ ᠤᠴᠢᠷ ᠪᠠᠷᠠᠭᠰᠠᠨ᠂ ᠣᠳᠣ ᠭᠠᠷ!》 ᠭᠡᠰᠡᠨ ᠳᠣᠬᠢᠶ᠎ᠠ ᠥᠭᠬᠦ ᠳ᠋ᠦ᠍ ᠵᠠᠷᠤᠴᠠ ᠥᠬᠢᠨ ᠱᠠᠯᠠᠪᠬᠠᠨ ᠭᠠᠷᠴᠤ ᠶᠠᠪᠤᠪᠠ᠃ 
       ᠵᠠᠷᠤᠴᠠ ᠥᠬᠢᠨ ᠭᠠᠷᠴᠤ ᠶᠠᠪᠤᠬᠤ ᠲᠠᠢ ᠵᠡᠷᠭᠡ ᠬᠠᠪᠲᠠᠰᠤ ᠵᠥᠷᠢᠭᠡᠳ ᠴᠣᠭᠪᠠᠭᠠᠲᠤᠷ ᠣᠷᠣᠵᠤ ᠢᠷᠡᠪᠡ᠃ 
       ᠴᠣᠭᠪᠠᠭᠠᠲᠤᠷ ᠡᠩᠭᠡᠷ ᠡᠪᠴᠢᠭᠦᠦ ᠪᠡᠨ ᠵᠠᠳᠠᠭᠠᠢ ᠲᠠᠯᠪᠢᠵᠤ ᠶᠡᠬᠡᠳᠡ ᠰᠣᠷᠲᠣᠭᠣᠲᠠᠢ᠃ ᠵᠠᠳᠠᠭᠠᠢ ᠡᠩᠭᠡᠷ ᠲᠡᠢ ᠴᠡᠷᠢᠭ ᠬᠤᠪᠴᠠᠰᠤᠨ ᠤ᠋ ᠰᠢᠷᠢᠨ ᠪᠥᠰᠡᠨ ᠳ᠋ᠦ᠍ᠨᠢ ᠠᠬᠤᠷ ᠫᠤᠤ ᠭᠢᠯᠠᠯᠵᠠᠵᠤ᠂ ᠣᠳᠣ ᠲᠠᠢ ᠮᠠᠯᠠᠭᠠᠢ ᠪᠠᠨ ᠠᠪᠴᠤ ᠰᠢᠷᠡᠭᠡᠨ ᠳᠡᠭᠡᠷ᠎ᠡ ᠰᠠᠪᠠᠭᠠᠳ᠄ 
       — ᠡᠯᠳᠡᠩᠭᠡ᠂ ᠲᠤᠰᠠᠯᠠᠭᠴᠢ ᠰᠠᠢᠨ ᠳᠤᠷ᠎ᠠ ᠠ᠋ᠴᠠ ᠪᠠᠨ ᠲᠤᠰᠢᠶᠠᠯ ᠢ᠋ᠶ᠋ᠠᠨ ᠬᠠᠶᠠᠵᠤ᠂ ᠬᠥᠳᠡᠭᠡ ᠭᠡᠷ ᠲᠡᠭᠡᠨ ᠵᠢᠷ ᠦ᠋ᠨ ᠮᠠᠯᠴᠢᠨ ᠪᠣᠯᠬᠤ ᠭᠡᠰᠡᠨ ᠢ᠋ ᠪᠠᠭ᠎ᠠ ᠬᠠᠲᠤᠨ ᠠᠭᠤᠴᠢᠯᠠᠨ ᠵᠥᠪᠰᠢᠶᠡᠷᠡᠭᠰᠡᠨ ᠭᠡᠨ᠎ᠡ ᠭᠡᠵᠦ ᠬᠡᠯᠡᠪᠡ᠃  
       — ᠠ⁈ ᠡᠯᠳᠡᠩᠭᠡ ᠶ᠋ᠢ ᠤᠤ? ᠭᠡᠵᠦ ᠮᠠᠨᠤᠨᠪᠠᠳᠮ᠎ᠠ ᠭᠠᠢᠬᠠᠨ᠎ᠠ᠃ 
       — ᠲᠡᠢᠮᠦ!  
       — ᠮᠠᠭᠤ ᠪᠣᠯᠵᠠᠢ ᠠ᠋! ᠪᠠᠭ᠎ᠠ ᠬᠠᠲᠤᠨ ᠠ᠋᠂ ᠪᠠᠭ᠎ᠠ ᠬᠠᠲᠤᠨ ᠠ᠋᠂ ᠲᠣᠯᠣᠭᠠᠢ ᠴᠢᠨᠢ ᠢᠩᠭᠢᠵᠦ ᠪᠤᠷᠤᠭᠤ ᠪᠠᠷ ᠡᠷᠭᠢᠪᠡ ᠤᠤ ᠳᠠ᠃ ᠬᠥᠭᠡᠷᠦᠬᠦᠢ! ᠡᠨᠡ ᠪᠣᠯ ᠮᠤᠨᠳᠠᠭ ᠶᠡᠬᠡ ᠣᠰᠣᠯ ᠪᠤᠷᠤᠭᠤ! ᠭᠡᠵᠦ ᠮᠠᠨᠤᠨᠪᠠᠳᠮ᠎ᠠ ᠬᠥᠭᠰᠢᠨ ᠪᠠᠭ᠎ᠠ ᠬᠠᠲᠤᠨ ᠤ᠋ ᠣᠷᠣᠨ ᠳ᠋ᠤ᠌ ᠮᠠᠰᠢᠳᠠ ᠭᠡᠮᠰᠢᠨ᠎ᠡ᠃ 
       — ᠬᠡᠩ! ᠪᠢ ᠪᠠᠢᠭᠰᠠᠨ ᠪᠣᠯ ᠤᠤ! ᠮᠠᠭᠤ ᠥᠭᠢᠷ᠎ᠡ ᠬᠤᠯᠠᠭᠠᠢ ᠶ᠋ᠢᠨ ᠠᠮᠠᠨ ᠬᠦᠵᠦᠭᠦᠦ ᠶ᠋ᠢ ᠨᠢ ᠮᠤᠰᠬᠢᠬᠤ ᠦᠭᠡᠢ ᠪᠣᠯ ᠠᠪᠤ ᠶ᠋ᠢᠨ ᠬᠦᠦ ᠪᠢᠰᠢ! ᠭᠡᠵᠦ ᠴᠣᠭᠪᠠᠭᠠᠲᠤᠷ ᠰᠦᠪᠡᠭᠡ ᠪᠡᠨ ᠲᠤᠯᠵᠤ ᠵᠠᠨᠤᠨ᠎ᠠ᠃ 
       — ᠡᠯᠳᠡᠩᠭᠡ ᠵᠣᠳᠪᠠ ᠬᠣᠶᠠᠷ ᠶᠠᠭᠤ ᠬᠢᠵᠦ ᠡᠴᠢᠨᠡᠭᠡᠨ ᠵᠢᠯ ᠳᠥᠷᠦᠭᠡᠨ ᠦ᠌ ᠲᠠᠪᠠᠭ ᠡᠯᠡᠭᠡᠵᠦ ᠶᠠᠪᠤᠪᠠ? ᠵᠢᠩᠰᠡ ᠪᠡᠨ ᠲᠤᠰᠢᠶᠠᠵᠤ ᠵᠡᠷᠭᠡ ᠪᠡᠨ ᠵᠠᠢᠴᠢᠯᠠᠵᠤ ᠪᠠᠢᠭ᠎ᠠ ᠴᠢᠨᠢ ᠪᠢᠰᠢᠷ᠃ ᠰᠡᠭᠦᠯ ᠨᠢ ᠴᠠᠢᠭᠰᠠᠨ ᠬᠤᠯᠵᠢᠨ ᠦᠨᠡᠭᠡ ᠡᠯᠳᠡᠩᠭᠡ ᠶ᠋ᠢᠨ ᠤᠬᠠᠭᠠᠨ ᠳ᠋ᠤ᠌ ᠤᠨᠠᠬᠤ ᠨᠦᠬᠡ ᠪᠡᠨ ᠥᠪᠡᠷ ᠢ᠋ᠶ᠋ᠡᠨ ᠮᠠᠯᠲᠠᠯ᠎ᠠ ᠳᠠ ᠬᠥᠭᠡᠷᠦᠬᠦᠢ ᠪᠠᠭ᠎ᠠ ᠬᠠᠲᠤᠨ! 
       — ᠰᠢᠭᠡᠳᠡᠭ ᠭᠣᠣ ᠠ᠋ᠴᠠ ᠴᠠᠭᠠᠰᠢ ᠶᠠᠪᠤᠵᠤ ᠦᠵᠡᠭᠡ ᠦᠭᠡᠢ ᠪᠡᠯᠪᠡᠰᠦᠨ ᠡᠮ᠎ᠡ ᠶ᠋ᠢᠨ ᠤᠬᠠᠭᠠᠨ ᠠ᠋ᠴᠠ ᠶᠠᠭᠤ ᠭᠠᠷᠤᠨ᠎ᠠ ᠪᠣᠢ? ᠭᠡᠵᠦ ᠪᠡᠶ᠎ᠡ ᠪᠡᠨ ᠡᠷᠭᠦᠨ ᠶᠡᠬᠡ ᠦᠭᠡ ᠬᠡᠯᠡᠭᠰᠡᠨ ᠴᠣᠭᠪᠠᠭᠠᠲᠤᠷ ᠢ᠋ ᠡᠬᠡ ᠨᠢ ᠲᠣᠭᠣᠵᠤ ᠶᠠᠳᠠᠨ᠄  
       — ᠵᠠ ᠪᠠᠢᠵᠠ᠂ ᠪᠢᠲᠡᠭᠡᠢ ᠨᠢᠭᠡ ᠠᠷᠠᠰᠤᠨ ᠳ᠋ᠠᠭᠠᠨ ᠪᠠᠭᠲᠠᠬᠤ ᠦᠭᠡᠢ ᠶᠠᠭᠤᠮ᠎ᠠ ᠳᠣᠩᠭᠣᠰᠤᠭᠠᠳ ᠪᠠᠢ! ᠲᠡᠷᠡ ᠬᠥᠮᠦᠨ ᠴᠢᠨᠢ ᠪᠠᠷᠠᠭᠤᠨ ᠬᠦᠩ ᠦ᠋ᠨ ᠬᠣᠰᠢᠭᠤ ᠬᠠᠲᠤᠨ ᠰᠸᠯᠢᠩ ᠰᠢᠦ ᠳᠡ᠂ ᠬᠦᠦ ᠮᠢᠨᠢ ᠪᠠᠷᠤᠭᠲᠠᠢ ᠬᠥᠪᠰᠥᠷᠳᠡ! ᠭᠡᠵᠦ ᠳᠤᠷ᠎ᠠ ᠦᠭᠡᠢᠯᠡᠭᠰᠡᠨ ᠦᠭᠡ ᠰᠣᠨᠣᠰᠬᠠᠪᠠ᠃ ᠲᠡᠭᠡᠪᠡᠴᠦ ᠳᠣᠲᠣᠷ᠎ᠠ ᠪᠠᠨ《ᠨᠢᠳᠦᠨ ᠳ᠋ᠡᠭᠡᠨ ᠬᠥᠮᠦᠨ ᠪᠠᠭᠲᠠᠭᠠᠬᠤ ᠦᠭᠡᠢ ᠲᠡᠢᠮᠦ ᠲᠠᠷᠢᠬᠢ ᠤᠷᠭᠤᠭᠰᠠᠨ ᠴᠦ᠍ ᠪᠣᠯ ᠶᠠᠭᠠᠬᠢᠬᠤ ᠪᠣᠢ? ᠮᠢᠨᠦ ᠬᠦᠦ ᠲᠡᠷᠡ ᠵᠡᠷᠭᠡ ᠶ᠋ᠢᠨ ᠰᠸᠯᠢᠩ ᠨᠣᠶᠠᠨ ᠪᠣᠯ ᠲᠠᠷᠢᠬᠢ ᠵᠦᠳᠡᠷᠡᠭᠡᠬᠦ ᠦᠭᠡᠢ ᠱᠤᠤᠭᠢᠭᠤᠯᠵᠤ ᠴᠢᠳᠠᠨ᠎ᠠ》 ᠭᠡᠵᠦ ᠪᠣᠳᠣᠨ᠎ᠠ᠃ 
       ᠡᠷ᠎ᠡ ᠶ᠋ᠢᠨ ᠲᠤᠷᠪᠢ ᠲᠠᠨᠢᠭᠳᠠᠭᠰᠠᠨ ᠬᠦᠦ ᠶ᠋ᠢᠨ ᠢ᠋ᠶ᠋ᠡᠨ ᠲᠠᠷ ᠲᠠᠮᠢᠷ ᠢ᠋ ᠠᠯᠠᠭᠠᠨ ᠤ᠋ ᠪᠠᠨ ᠠᠷ ᠰᠢᠭ᠋ ᠲᠠᠨᠢᠳᠠᠭ ᠮᠠᠨᠤᠨᠪᠠᠳᠮ᠎ᠠ ᠬᠥᠭᠰᠢᠨ《ᠪᠠᠭ᠎ᠠ ᠬᠠᠲᠤᠨ ᠳ᠋ᠤ᠌ ᠦᠵᠡᠭᠦᠯᠦᠭᠰᠡᠨ ᠲᠤᠰᠠ ᠭᠠᠪᠢᠶ᠎ᠠ ᠪᠠᠨ ᠬᠥᠷᠥᠩᠭᠡᠯᠡᠵᠦ ᠲᠡᠭᠦᠨ ᠡᠴᠡ ᠨᠠᠳᠠ ᠪᠠᠷᠠᠭᠤᠨ ᠬᠤᠰᠢᠭᠤᠨ ᠤ᠋ ᠴᠡᠷᠢᠭ ᠦ᠋ᠨ ᠶᠡᠬᠡ ᠡᠷᠬᠡ ᠶ᠋ᠢ ᠣᠯᠭᠣᠵᠤ ᠥᠭᠬᠦ ᠶ᠋ᠢ ᠶᠠᠭᠠᠬᠢᠯ᠎ᠠ? ᠠᠳᠠᠭ ᠨᠢ ᠡᠴᠢᠭᠡ ᠶ᠋ᠢᠨ ᠣᠷᠣ ᠶ᠋ᠢ ᠳᠠᠷᠤᠵᠤ ᠪᠠᠷᠠᠭᠤᠨ ᠲᠤᠰᠠᠯᠠᠭᠴᠢ ᠶ᠋ᠢᠨ ᠵᠢᠩᠰᠡ ᠶ᠋ᠢ ᠲᠤᠰᠬᠤ ᠦᠭᠡᠢ ᠤᠤ ᠳᠠ! ᠲᠠᠨ ᠤ᠋ ᠦᠭᠡ ᠪᠠᠭ᠎ᠠ ᠬᠠᠲᠤᠨ ᠤ᠋ ᠴᠢᠬᠢᠨ ᠳ᠋ᠦ᠍ ᠮᠢᠩᠭᠠᠨ ᠯᠠᠩ ᠭᠡᠰᠡᠨ ᠦᠭᠡ᠁ ᠲᠠᠨ ᠤ᠋ ᠨᠢᠭᠤᠷ ᠢ᠋ ᠬᠠᠷᠠᠵᠤ ᠮᠠᠭᠤ ᠬᠦᠦ ᠳ᠋ᠦ᠍ ᠴᠢᠨᠢ ᠨᠣᠶᠠᠨ ᠵᠡᠷᠭᠡ ᠬᠦᠷᠲᠡᠭᠡᠨ᠎ᠡ ᠪᠣᠢ᠁》 ᠭᠡᠵᠦ ᠴᠣᠭᠪᠠᠭᠠᠲᠤᠷ ᠤ᠋ᠨ ᠣᠯᠠᠨᠲᠠ ᠲᠡᠭᠦᠨ ᠦ᠌ ᠴᠢᠬᠢ ᠰᠢᠪᠦᠭᠡᠳᠡᠭᠰᠡᠨ ᠢ᠋ ᠣᠯᠠᠨ ᠬᠣᠨᠣᠭ ᠰᠢᠷᠭᠠᠭᠠᠨ ᠪᠠᠢᠵᠤ《ᠤᠭ ᠨᠢ ᠵᠥᠪ ᠶᠦᠮ ᠠ᠋᠂ ᠡᠪᠦᠭᠡᠨ ᠢ᠋ ᠶᠠᠰᠤ ᠪᠠᠨ ᠲᠠᠯᠪᠢᠬᠤ ᠠ᠋ᠴᠠ ᠡᠮᠦᠨ᠎ᠡ ᠪᠠᠭ᠎ᠠ ᠬᠠᠲᠤᠨ ᠳ᠋ᠤ᠌ ᠡᠷᠭᠦᠳᠡᠯ ᠡᠷᠭᠦᠵᠦ ᠰᠠᠨᠠᠭ᠎ᠠ ᠪᠠᠨ ᠮᠡᠳᠡᠭᠳᠡᠬᠦ ᠨᠢ ᠵᠦᠢᠲᠡᠢ! ᠡᠪᠦᠭᠡᠨ ᠳᠠᠯᠠᠢᠴᠢᠬᠠᠪᠠᠯ ᠪᠢᠳᠡ ᠳᠠᠭᠠᠭᠠᠳ ᠮᠠᠯᠢᠢᠴᠢᠬᠠᠨ᠎ᠠ ᠰᠢᠦ!》 ᠭᠡᠵᠦ ᠥᠨᠥᠳᠥᠷ ᠡᠪᠡᠳᠴᠢᠲᠡᠢ ᠡᠪᠦᠭᠡᠨ ᠢ᠋ᠶ᠋ᠡᠨ ᠥᠨᠳᠡᠢᠯᠭᠡᠨ ᠪᠢᠷ ᠪᠠᠷᠢᠭᠤᠯᠪᠠ᠃ 

ᠡᠷᠭᠢᠨ ᠪᠠᠭ᠎ᠠ ᠬᠠᠲᠤᠨ ᠲᠠᠨ᠎ᠠ᠄  
       ᠠᠮᠤᠭᠤᠯᠠᠩ ᠠᠢᠯᠠᠳᠬᠠᠶ᠎ᠠ! 
       ᠡᠳᠦᠭᠡ ᠬᠠᠭᠤᠴᠢᠨ ᠲᠦᠰᠢᠮᠡᠯ ᠮᠢᠩᠭᠠᠨᠪᠤᠤ ᠲᠠᠨ ᠤ᠋ ᠡᠮᠦᠨ᠎ᠡ ᠡᠴᠡ ᠶᠠᠯ᠎ᠠ ᠨᠥᠮᠥᠷᠦᠨ ᠠᠯᠤᠰ ᠲᠤ ᠴᠥᠯᠡᠭᠳᠡᠭᠰᠡᠨ ᠬᠤᠭᠤᠴᠠᠭᠠᠨ ᠳ᠋ᠠᠭᠠᠨ ᠡᠷᠭᠢᠨ ᠪᠠᠭ᠎ᠠ ᠬᠠᠲᠤᠨ᠂ ᠪᠠᠭ᠎ᠠ ᠵᠠᠰᠠᠭ ᠲᠠ ᠡᠬᠡ ᠬᠥᠪᠡᠭᠦᠨ ᠬᠣᠶᠠᠭᠤᠯᠠ ᠶ᠋ᠢ ᠪᠣᠳᠣᠯ ᠳ᠋ᠠᠭᠠᠨ ᠪᠠᠭᠲᠠᠭᠠᠵᠤ ᠶᠠᠪᠤᠯ᠎ᠠ᠁ 
       ᠬᠡᠳᠦᠢᠨ ᠴᠦᠯᠡᠯᠭᠡ ᠶ᠋ᠢᠨ ᠬᠤᠭᠤᠴᠠᠭ᠎ᠠ ᠳᠠᠭᠤᠰᠤᠭᠰᠠᠨ ᠪᠣᠯᠪᠠᠴᠤ ᠡᠨᠡ ᠪᠡᠶ᠎ᠡ ᠡᠪᠡᠳᠴᠢᠨ ᠳ᠋ᠦ᠍ ᠪᠠᠷᠢᠭᠳᠠᠨ ᠡᠮᠭᠡᠭ ᠲᠦ᠍ ᠪᠣᠭᠣᠭᠳᠠᠵᠤ᠂ ᠬᠥᠮᠦᠨ ᠦ᠌ ᠭᠠᠷ ᠲᠦᠰᠢᠨ ᠬᠡᠪᠲᠡᠷᠢ ᠳ᠋ᠦ᠍ ᠣᠷᠣᠯ᠎ᠠ! 
       ᠡᠳᠦᠭᠡ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠬᠦ ᠡᠳᠦᠷ ᠢ᠋ᠶ᠋ᠡᠨ ᠲᠣᠭᠠᠯᠠᠭᠰᠠᠨ ᠡᠪᠦᠭᠡᠨ ᠲᠦᠰᠢᠮᠡᠯ ᠦ᠋ᠨ ᠥᠴᠦᠬᠡᠨ ᠰᠠᠨᠠᠭ᠎ᠠ ᠶ᠋ᠢ ᠦᠷᠦ ᠡᠪᠡᠳᠴᠦ᠂ ᠡᠨᠡᠷᠢᠨ ᠪᠣᠳᠣᠬᠤ ᠶ᠋ᠢ ᠭᠤᠶᠤᠴᠢᠯᠠᠰᠤ᠃ 
       ᠶᠢᠷᠲᠢᠨᠴᠦ ᠡᠴᠡ ᠬᠠᠯᠢᠬᠤ ᠠ᠋ᠴᠠ ᠡᠮᠦᠨ᠎ᠡ ᠪᠢ ᠪᠡᠶ᠎ᠡ ᠪᠡᠷ ᠢ᠋ᠶ᠋ᠡᠨ ᠪᠠᠷᠠᠭᠤᠨ ᠬᠦᠩ ᠦ᠋ᠨ ᠨᠤᠲᠤᠭ ᠲᠠᠭᠠᠨ ᠬᠢᠮᠤᠰᠤᠨ ᠴᠢᠨᠡᠭᠡ ᠨᠡᠮᠡᠷᠢ ᠪᠣᠯᠵᠤ ᠴᠢᠳᠠᠬᠤ ᠦᠭᠡᠢ ᠳ᠋ᠡᠭᠡᠨ ᠬᠠᠷᠠᠮᠰᠠᠮᠤᠢ᠃ ᠲᠡᠷᠡ ᠬᠦ᠌ ᠮᠡᠬᠦᠰ ᠪᠢ ᠪᠠᠷᠠᠭᠤᠨ ᠬᠦᠩ ᠦ᠋ᠨ ᠬᠣᠰᠢᠭᠤ ᠵᠢᠴᠢ ᠲᠡᠭᠦᠨ ᠢ᠋ ᠡᠵᠡᠨ ᠮᠡᠳᠡᠭᠴᠢ ᠰᠸᠯᠢᠩ ᠨᠣᠶᠠᠨ— ᠪᠠᠭ᠎ᠠ ᠬᠠᠲᠤᠨ ᠳ᠋ᠤ᠌ ᠦᠷ᠎ᠡ ᠶ᠋ᠢᠨ ᠭᠠᠭᠴᠠ ᠬᠦᠦ ᠪᠡᠨ ᠲᠤᠰᠢᠶᠠᠵᠤ᠂ ᠲᠡᠷᠡ ᠪᠡᠷ ᠲᠠᠨ ᠤ᠋ ᠳᠣᠳᠣᠮᠳᠠᠯᠭ᠎ᠠ ᠪᠠᠷ ᠬᠣᠰᠢᠭᠤ ᠨᠤᠲᠤᠭ ᠤ᠋ᠨ ᠦᠢᠯᠡᠰ ᠲᠡᠭᠡᠨ ᠪᠡᠶ᠎ᠡ ᠰᠡᠳᠬᠢᠯ ᠦ᠋ᠨ ᠬᠦᠴᠦ ᠪᠡᠨ ᠬᠠᠷᠠᠮ ᠦᠭᠡᠢ ᠡᠷᠭᠦᠲᠦᠭᠡᠢ! ᠡᠷᠭᠢᠨ ᠲᠠ ᠴᠢᠳᠠᠯ ᠲᠠᠢ ᠶ᠋ᠢ ᠨᠢ ᠳᠠᠩᠰᠠᠨ ᠪᠠᠢᠵᠤ ᠭᠠᠷ ᠳᠣᠣᠷ᠎ᠠ ᠪᠠᠨ ᠵᠠᠷᠤᠬᠤ ᠳ᠋ᠤ᠌ ᠪᠠᠭ᠎ᠠ ᠬᠠᠲᠤᠨ ᠲᠠᠨ ᠤ᠋ ᠡᠮᠦᠨ᠎ᠡ ᠡᠴᠡ ᠴᠠᠯᠠᠭᠠᠢ ᠦᠭᠡᠢ ᠵᠢᠳᠬᠦᠭᠴᠢ ᠮᠣᠩᠭᠣᠯ ᠡᠷ᠎ᠡ ᠶ᠋ᠢᠨ ᠨᠢᠭᠡ ᠪᠡᠷ ᠲᠠᠨᠢᠭᠳᠠᠬᠤ ᠪᠣᠢ?  
       ᠥᠷᠥᠰᠢᠶᠡᠯ ᠳ᠋ᠡᠭᠡᠨ ᠪᠠᠭᠲᠠᠭᠠᠨ ᠡᠨᠡᠷᠢᠬᠦ ᠠᠵᠢᠶᠠᠮᠤ!   
               ᠡᠭᠦᠨ ᠦ᠌ ᠲᠤᠯᠠ      
                  ᠪᠠᠷᠠᠭᠤᠨ ᠬᠦᠩ ᠦ᠋ᠨ ᠤᠤᠯ ᠬᠠᠭᠤᠴᠢᠨ ᠲᠤᠰᠠᠯᠠᠭᠴᠢ ᠮᠢᠩᠭᠠᠨᠪᠤᠤ ᠬᠢᠴᠢᠶᠡᠩᠭᠦᠢᠯᠡᠪᠡᠢ    

       ᠲᠡᠨᠳᠡ ᠡᠴᠡ ᠴᠣᠭᠪᠠᠭᠠᠲᠤᠷ ᠤ᠋ᠨ ᠪᠡᠶ᠎ᠡ ᠪᠡᠷ ᠢ᠋ᠶ᠋ᠡᠨ ᠬᠦᠷᠭᠡᠭᠰᠡᠨ ᠡᠴᠢᠭᠡ ᠶ᠋ᠢᠨ ᠡᠷᠭᠦᠭᠰᠡᠨ ᠪᠢᠴᠢᠭ ᠢ᠋ ᠪᠠᠭ᠎ᠠ ᠬᠠᠲᠤᠨ ᠤᠩᠰᠢᠵᠤ ᠳᠣᠲᠣᠷᠯᠠᠭᠠᠳ ᠶᠠᠭᠤ ᠴᠦ᠍ ᠭᠡᠵᠦ ᠥᠴᠢᠭᠰᠡᠨ ᠦᠭᠡᠢ ᠬᠠᠷᠢᠭᠤ ᠲᠣᠪᠴᠢ ᠪᠢᠴᠢᠭ ᠪᠤᠴᠠᠭᠠᠵᠤ ᠶᠠᠪᠤᠭᠤᠯᠪᠠ᠃  

ᠠᠴᠢ ᠲᠤᠰᠠᠲᠤ ᠬᠣᠶᠠᠷ ᠨᠠᠰᠤᠲᠠᠨ ᠳ᠋ᠤᠷ᠄  
       ᠠᠮᠤᠷ ᠢ᠋ ᠲᠠᠨᠢ ᠡᠷᠢᠵᠦ᠂ ᠭᠡᠷ ᠬᠣᠲᠠᠯᠠᠭᠠᠷ ᠤ᠋ᠨ ᠲᠠᠨᠢ ᠰᠠᠢᠨ ᠰᠠᠢᠬᠠᠨ ᠢ᠋ ᠪᠡᠯᠭᠡᠳᠡᠵᠦ᠂ ᠪᠡᠶ᠎ᠡ ᠯᠠᠭᠱᠠᠨ ᠤ᠋ ᠲᠠᠨᠢ ᠡᠷᠡᠭᠦᠯ ᠲᠤᠩᠭᠠᠯᠠᠭ ᠠᠬᠤ ᠶ᠋ᠢ ᠵᠥᠩᠨᠡᠶ᠎ᠡ! 
       ᠲᠠᠨ ᠤ᠋ ᠰᠠᠨᠠᠭ᠎ᠠ ᠶ᠋ᠢ ᠤᠬᠠᠯ᠎ᠠ᠃   
       ᠵᠢᠮᠢᠰ ᠤᠯᠠᠢᠪᠠᠯ ᠮᠥᠴᠢᠷ ᠡᠴᠡ ᠪᠡᠨ ᠤᠨᠠᠳᠠᠭ ᠶᠣᠰᠣᠨ ᠪᠣᠢ᠃ ᠲᠡᠢᠨ ᠬᠦ᠌ ᠡᠨᠡ ᠶᠠᠪᠤᠳᠠᠯ ᠳ᠋ᠤ᠌ ᠬᠣᠶᠠᠷ ᠨᠠᠰᠤᠲᠠᠨ ᠰᠡᠳᠬᠢᠯ ᠢ᠋ᠶ᠋ᠡᠨ ᠵᠦᠳᠡᠭᠡᠬᠦ ᠬᠡᠷᠡᠭ ᠠᠯᠠᠭ᠎ᠠ᠃ ᠪᠡᠶ᠎ᠡ ᠪᠡᠨ ᠰᠠᠢᠲᠤᠷ ᠰᠤᠪᠢᠯᠠᠬᠤ ᠳ᠋ᠤ᠌ ᠴᠠᠯᠠᠭᠠᠢᠳᠠᠵᠤ ᠦᠯᠦ ᠪᠣᠯᠤᠨ᠎ᠠ᠃ ᠪᠢ ᠵᠠᠪᠳᠤᠪᠠᠯ ᠪᠡᠶ᠎ᠡ ᠪᠡᠷ ᠢ᠋ᠶ᠋ᠡᠨ ᠬᠦᠷᠴᠦ ᠲᠠᠨ ᠢ᠋ ᠪᠣᠯᠭᠣᠭᠠᠨᠠᠮ!    
                 ᠡᠭᠦᠨ ᠦ᠌ ᠲᠤᠯᠠ      
                            ᠰᠡᠷᠭᠦᠮ᠎ᠡ ᠬᠢᠴᠢᠶᠡᠩᠭᠦᠢᠯᠡᠪᠡᠢ  
ᠭᠡᠰᠡᠨ ᠲᠣᠪᠴᠢᠬᠠᠨ ᠪᠢᠴᠢᠭ ᠢ᠋ ᠦᠵᠡᠭᠡᠳ ᠮᠢᠩᠭᠠᠨᠪᠤᠤ ᠮᠠᠨᠤᠨᠪᠠᠳᠮ᠎ᠠ ᠬᠣᠶᠠᠷ ᠤ᠋ᠨ ᠳᠣᠲᠣᠷ᠎ᠠ ᠪᠠᠶᠠᠷᠯᠠᠬᠤ ᠴᠦ᠍ ᠪᠢᠰᠢ ᠪᠠᠴᠢᠮᠳᠠᠬᠤ ᠴᠦ᠍ ᠪᠢᠰᠢ ᠨᠢᠭᠡ ᠰᠦᠷᠡᠬᠡᠢ ᠮᠥᠯᠢᠢᠵᠡᠢ᠃ 
       — ᠦᠭᠡᠢ ᠠ᠋᠂ ᠵᠢᠮᠢᠰ ᠤᠯᠠᠢᠪᠠᠯ ᠮᠥᠴᠢᠷ ᠡᠴᠡ ᠪᠡᠨ ᠤᠨᠠᠳᠠᠭ ᠭᠡᠭᠴᠢ ᠶᠠᠭᠤ ᠭᠡᠰᠡᠨ ᠦᠭᠡ ᠪᠣᠢ? ᠭᠡᠰᠡᠨ ᠳ᠋ᠦ᠍᠂ 
       — ᠣ᠂ ᠳᠠ᠂ ᠪᠢᠲᠡᠭᠡᠢ ᠶᠠᠭᠠᠷᠠ᠂ ᠴᠠᠭ ᠨᠢ ᠲᠤᠯᠪᠠᠯ ᠪᠣᠯᠬᠤ ᠯᠠ ᠪᠠᠢᠯᠭᠦᠢ ᠭᠡᠰᠡᠨ ᠰᠠᠨᠠᠭ᠎ᠠ ᠰᠢᠳᠡ! 
       — ᠮᠠᠨ ᠤ᠋ ᠡᠨᠡ ᠮᠣᠳᠣᠨ ᠤ᠋ ᠵᠢᠮᠢᠰ ᠶᠡᠷᠦ ᠨᠢ ᠤᠯᠠᠢᠳᠠᠭ ᠦᠭᠡᠢ ᠴᠢᠯᠳᠡᠩ ᠲᠦᠭᠦᠬᠡᠢ ᠪᠡᠷ ᠢ᠋ᠶ᠋ᠡᠨ ᠪᠠᠢᠭᠠᠳ ᠪᠠᠢᠪᠠᠯ ᠶᠠᠭᠠᠬᠢᠨ᠎ᠠ ᠪᠣᠢ? ᠮᠣᠳᠣᠨ ᠤ᠋ ᠪᠠᠨ ᠮᠥᠴᠢᠷ ᠲᠦ᠍ ᠬᠣᠷᠪᠣᠢᠵᠤ ᠬᠠᠲᠠᠬᠤ ᠶᠤᠮ ᠤᠤ᠂ ᠠᠵᠠ ᠦᠭᠡᠢᠳᠡᠪᠡᠯ ᠬᠣᠷᠣᠬᠠᠢᠳᠠᠵᠤ ᠴᠦ᠍ ᠮᠡᠳᠡᠨ᠎ᠡ᠃ 
       — ᠠ᠂ ᠪᠡᠯᠭᠡ ᠦᠭᠡᠢ ᠦᠭᠡ! ᠤᠯᠠᠢᠳᠠᠭ ᠦᠭᠡᠢ ᠵᠢᠮᠢᠰ ᠭᠡᠵᠦ ᠬᠠᠮᠢᠭ᠎ᠠ ᠪᠠᠢᠬᠤ ᠪᠣᠢ? ᠤᠯᠠᠢᠬᠤ ᠯᠠ ᠪᠠᠢᠯᠭᠦᠢ! ᠪᠠᠭ᠎ᠠ ᠬᠠᠲᠤᠨ ᠠ᠋ᠴᠠ《ᠡᠨᠡ ᠶᠠᠪᠤᠳᠠᠯ ᠳ᠋ᠤ᠌ ᠬᠣᠶᠠᠷ ᠨᠠᠰᠤᠲᠠᠨ ᠰᠡᠳᠬᠢᠯ ᠢ᠋ᠶ᠋ᠡᠨ ᠵᠦᠳᠡᠭᠡᠬᠦ ᠬᠡᠷᠡᠭ ᠠᠯᠠᠭ᠎ᠠ》 ᠭᠡᠰᠡᠨ ᠦᠭᠡ ᠴᠢᠨᠢ《ᠰᠠᠨᠠᠭ᠎ᠠ ᠠᠮᠤᠷ ᠪᠠᠢ᠂ ᠪᠢ ᠵᠦᠢ ᠵᠣᠬᠢᠰ ᠢ᠋ ᠦᠵᠡᠶ᠎ᠡ!》 ᠭᠡᠰᠡᠨ ᠰᠠᠨᠠᠭ᠎ᠠ ᠮᠥᠨ! ᠭᠡᠵᠦ ᠮᠢᠩᠭᠠᠨᠪᠤᠤ ᠮᠠᠰᠢ ᠴᠠᠭᠠᠯᠬᠠᠢ ᠰᠠᠨᠠᠭ᠎ᠠ ᠪᠠᠷ ᠢᠲᠡᠭᠡᠵᠦ ᠶᠠᠷᠢᠨ᠎ᠠ᠃ 
       — ᠠ᠂ ᠮᠡᠳᠡᠬᠦ ᠦᠭᠡᠢ ᠳᠡ! ᠶᠠᠭᠤ ᠯᠠ ᠪᠣᠯ⁈ ᠴᠢ ᠪᠢᠳᠡ ᠬᠣᠶᠠᠷ ᠢ᠋ ᠬᠠᠭᠤᠷᠴᠤ᠁ ᠭᠡᠳ ᠮᠠᠨᠤᠨᠪᠠᠳᠮ᠎ᠠ《ᠡᠨᠡ ᠪᠡᠶ᠎ᠡ ᠪᠡᠨ ᠮᠡᠳᠡᠳᠡᠭ ᠦᠭᠡᠢ ᠪᠡᠯᠪᠡᠰᠦᠨ ᠡᠮ᠎ᠡ ᠶ᠋ᠢᠨ ᠠᠮᠠᠨ ᠵᠠᠪᠠᠵᠢ ᠶ᠋ᠢ ᠬᠠᠷᠠᠭᠠᠳ ᠪᠠᠢᠬᠤ ᠳ᠋ᠤ᠌ ᠬᠠᠵᠠᠭᠠᠢ ᠰᠢᠤᠬᠠᠨ ᠪᠠᠢᠨ᠎ᠠ ᠳᠠ᠃ ᠬᠠᠷᠢᠨ ᠲᠠᠩᠳᠠ ᠸᠠᠩ ᠰᠣᠬᠣᠷ ᠤ᠋ᠨ ᠠᠮᠢᠰᠬᠤᠭ᠎ᠠ ᠪᠠᠷ ᠲᠤᠷᠭᠢᠳᠠᠭ ᠰᠢᠭ᠋ ᠰᠠᠨᠠᠭᠳᠠᠵᠤ ᠪᠠᠢᠨ᠎ᠠ᠃ ᠬᠦᠦ ᠲᠡᠢ ᠪᠣᠯᠵᠤ ᠬᠥᠷᠥᠩᠭᠡᠰᠢᠭᠡᠳ ᠬᠥᠮᠦᠨ ᠬᠠᠷ᠎ᠠ ᠲᠠᠨᠢᠬᠤ ᠪᠠᠨ ᠪᠣᠯᠢᠭᠰᠠᠨ ᠬᠣᠢᠲᠤ ᠮᠥᠷ ᠦᠭᠡᠢ ᠳᠠᠮᠰᠢᠭ᠁》 ᠭᠡᠵᠦ ᠬᠡᠯᠡᠬᠦ ᠭᠡᠰᠡᠨ ᠢ᠋ᠶ᠋ᠡᠨ ᠪᠣᠯᠢᠵᠤ ᠡᠪᠡᠳᠴᠢᠲᠡᠢ ᠡᠪᠦᠭᠡᠨ ᠢ᠋ᠶ᠋ᠡᠨ ᠲᠠᠭᠯᠠᠷᠠᠴᠢᠬᠠᠬᠤ ᠠ᠋ᠴᠠ ᠡᠮᠢᠶᠡᠨ ᠦᠭᠡ ᠪᠡᠨ ᠳᠤᠲᠠᠭᠤ ᠬᠡᠯᠡᠪᠡ᠃ 
       ᠮᠢᠩᠭᠠᠨᠪᠤᠤ ᠡᠪᠦᠭᠡᠨ ᠨᠢᠳᠦ ᠪᠡᠨ ᠠᠨᠢᠭᠠᠳ ᠨᠠᠮ ᠬᠡᠪᠲᠡᠨ᠎ᠡ᠃ 
       ᠮᠠᠨᠤᠨᠪᠠᠳᠮ᠎ᠠ ᠬᠥᠭᠰᠢᠨ ᠡᠪᠦᠭᠡᠨ ᠦ᠌ ᠪᠡᠨ ᠵᠣᠪᠠᠨᠢᠩᠭᠤᠢ ᠴᠢᠷᠠᠢ ᠲᠠᠢ ᠬᠡᠪᠲᠡᠬᠦ ᠶ᠋ᠢ ᠬᠠᠷᠠᠭᠠᠳ ᠡᠯᠢᠭᠡ ᠨᠢ ᠡᠮᠲᠡᠷᠡᠵᠦ ᠪᠣᠳᠣᠯ ᠤ᠋ᠨ ᠷᠣᠮᠠᠨ ᠤ᠋ ᠪᠠᠨ ᠬᠠᠭᠤᠳᠠᠰᠤᠨ ᠠ᠋ᠴᠠ ᠲᠡᠭᠦᠨ ᠦ᠌ ᠠᠮᠢᠳᠤᠷᠠᠯ ᠤ᠋ᠨ ᠬᠠᠯᠠᠭᠤᠨ ᠴᠢᠯᠠᠭᠤ ᠳᠣᠯᠢᠶᠠᠵᠤ ᠶᠠᠪᠤᠭᠰᠠᠨ ᠢ᠋ ᠰᠠᠨᠠᠨ《ᠥᠨᠥᠳᠥᠷ ᠮᠠᠷᠭᠠᠲᠤᠷ ᠲᠠᠭᠠᠨ ᠲᠤᠯᠤᠭᠰᠠᠨ ᠡᠪᠦᠭᠡᠨ ᠢ᠋ᠶ᠋ᠡᠨ ᠢᠩᠭᠢᠵᠦ ᠪᠢᠲᠡᠭᠦᠰᠦᠯᠦᠭᠡᠳ ᠶᠠᠭᠠᠬᠢᠨᠠᠮ᠂ ᠰᠡᠳᠬᠢᠯ ᠢ᠋ ᠨᠢ ᠣᠩᠭᠣᠢᠯᠭᠠᠬᠤ ᠶ᠋ᠢ ᠪᠣᠳᠣᠶ᠎ᠠ! ᠪᠡᠶ᠎ᠡ ᠪᠡᠷ ᠢ᠋ᠶ᠋ᠡᠨ ᠶᠠᠪᠤᠵᠤ ᠪᠠᠭ᠎ᠠ ᠬᠠᠲᠤᠨ ᠲᠠᠢ ᠪᠠᠷᠠᠳᠠᠶ᠎ᠠ᠃ ᠪᠠᠭ᠎ᠠ ᠬᠠᠲᠤᠨ ᠤ᠋ ᠪᠠᠯᠴᠢᠷ ᠤᠬᠠᠭᠠᠨ ᠢ᠋ ᠪᠠᠷᠤᠭᠯᠠᠬᠤ ᠦᠭᠡᠢ ᠴᠦ᠍ ᠪᠢᠰᠢ! ᠭᠠᠮᠢᠩ ᠤ᠋ᠨ ᠭᠣᠣ ᠰᠸᠯᠢᠩ ᠢ᠋ ᠪᠣᠳᠣᠪᠠᠯ ᠶᠠᠭᠤ ᠪᠠᠢᠬᠤ ᠪᠣᠢ⁈》 ᠭᠡᠵᠦ ᠲᠠᠩᠬᠢᠯ ᠵᠠᠯᠠᠭᠤ ᠶ᠋ᠢᠨ ᠦᠶ᠎ᠡ ᠳ᠋ᠦ᠍ ᠭᠣᠣ ᠰᠸᠯᠢᠩ ᠢ᠋ ᠤᠬᠠᠭᠠᠯᠠᠵᠤ ᠪᠠᠢᠭᠰᠠᠨ ᠢ᠋ᠶ᠋ᠠᠨ ᠰᠠᠨᠠᠨ᠎ᠠ᠁  
       ᠮᠢᠩᠭᠠᠨᠪᠤᠤ ᠵᠠᠯᠠᠭᠤ ᠳ᠋ᠠᠭᠠᠨ ᠭᠠᠩᠬᠤᠰ ᠭᠡᠰᠡᠨ ᠰᠠᠢᠬᠠᠨ ᠵᠠᠯᠠᠭᠤ᠂ ᠥᠨᠳᠥᠷ ᠨᠠᠷᠢᠨ ᠪᠡᠶ᠎ᠡ ᠲᠡᠢ ᠮᠥᠷᠥ ᠪᠡᠷ ᠢ᠋ᠶ᠋ᠡᠨ ᠪᠠᠬᠠᠨ ᠮᠡᠭᠵᠢᠭᠡᠷ ᠰᠢᠭ ᠪᠣᠯᠪᠠᠴᠤ ᠴᠣᠭᠲᠠᠢ ᠬᠣᠶᠠᠷ ᠳᠠᠪᠬᠤᠷ᠎ᠠ ᠨᠢᠳᠦ ᠨᠢ ᠢᠮᠠᠭᠲᠠ ᠬᠡᠢ ᠮᠣᠷᠢ ᠲᠠᠢ ᠭᠢᠯᠠᠯᠵᠠᠵᠤ ᠪᠠᠢᠳᠠᠭ᠃ ᠣᠳᠣ ᠲᠡᠭᠦᠨ ᠦ᠌ ᠬᠦᠦ ᠴᠣᠭᠪᠠᠭᠠᠲᠤᠷ ᠤ᠋ᠨ ᠪᠡᠶ᠎ᠡ ᠲᠥᠯᠥᠪ ᠡᠴᠢᠭᠡ ᠶ᠋ᠢ ᠪᠡᠨ ᠬᠡᠪᠯᠡᠨ ᠳᠠᠭᠤᠷᠢᠶᠠᠵᠤ᠂ ᠨᠣᠭᠣᠭᠠᠨ ᠪᠤᠷᠴᠠᠭ ᠢ᠋ ᠬᠠᠭᠠᠯᠤᠭᠰᠠᠨ ᠰᠢᠭ᠋ ᠠᠳᠠᠯᠢᠬᠠᠨ ᠢ᠋ ᠶᠠᠭᠠᠬᠢᠬᠤ ᠪᠣᠢ! 
       ᠲᠡᠳᠡᠨ ᠦ᠌ ᠬᠢᠨ ᠤᠭ ᠨᠢ ᠨᠡᠷᠡᠲᠦ ᠪᠠᠶᠠᠨ ᠯᠣᠷᠣᠢᠭᠠᠯᠰᠠᠩ ᠤ᠋ᠨ ᠦᠬᠡᠷ ᠢ᠋ ᠬᠠᠷᠢᠭᠤᠯᠵᠤ᠂ ᠵᠢᠯ ᠦ᠋ᠨ ᠥᠩᠭᠡ ᠶ᠋ᠢᠨ ᠬᠠᠷᠢᠭᠤᠯᠤᠭ᠎ᠠ ᠶ᠋ᠢ ᠲᠦᠰᠢᠵᠦ ᠠᠮᠢᠳᠤᠷᠠᠳᠠᠭ ᠪᠠᠢᠪᠠ᠃ ᠡᠴᠢᠭᠡ ᠨᠢ ᠦᠬᠡᠷ ᠬᠠᠷᠢᠭᠤᠯᠵᠤ᠂ ᠡᠬᠡ ᠨᠢ ᠦᠨᠢᠶ᠎ᠡ ᠰᠠᠭᠠᠵᠤ ᠰᠦ ᠰᠠᠭᠠᠯᠢ ᠪᠠᠵᠠᠭᠠᠬᠤ ᠵᠠᠪ ᠴᠢᠯᠥᠭᠡᠨ ᠳ᠋ᠡᠭᠡᠨ ᠰᠦᠮ᠎ᠡ ᠵᠢᠰᠠ ᠳ᠋ᠤ᠌ ᠪᠤᠳᠠᠭ᠎ᠠ ᠬᠠᠭᠤᠷᠴᠤ ᠨᠦᠳᠦᠵᠦ ᠴᠠᠢᠯᠭᠠᠬᠤ ᠵᠡᠷᠭᠡ ᠥᠷᠲᠥᠭᠰᠡᠨ ᠠᠵᠢᠯ ᠪᠦᠬᠦᠨ ᠢ᠋ ᠭᠣᠯᠤᠯ ᠦᠭᠡᠢ ᠬᠢᠵᠦ ᠶᠠᠪᠤᠭᠰᠠᠨ ᠶᠠᠳᠠᠷᠠᠭᠤᠬᠠᠨ ᠲᠠᠢᠵᠢ ᠠᠢᠯ ᠤ᠋ᠨ ᠨᠢᠭᠡ᠃ ᠮᠢᠩᠭᠠᠨᠪᠤᠤ ᠯᠣᠷᠣᠢᠭᠠᠯᠰᠠᠩ ᠤ᠋ᠨ ᠠᠳᠤᠭᠤ ᠶ᠋ᠢ ᠬᠠᠷᠠᠵᠤ᠂ ᠡᠮᠨᠢᠭ ᠰᠤᠷᠭᠠᠬᠤ ᠠᠳᠤᠭᠤ ᠳᠡᠯᠯᠡᠬᠦ᠂ ᠦᠷᠢᠶ᠎ᠡ ᠳᠠᠭ᠎ᠠ ᠬᠠᠭᠠᠷᠢᠵᠤ ᠲᠠᠮᠠᠭᠠᠯᠠᠬᠤ ᠠᠯᠢ ᠪᠣᠯᠭᠠᠨ ᠳ᠋ᠤ᠌ ᠭᠠᠷ ᠳᠦᠢᠲᠡᠢ᠃ ᠲᠣᠯᠣᠭᠠᠢ ᠪᠠᠨ ᠭᠠᠵᠠᠷ ᠰᠢᠭᠠᠭᠠᠳ ᠤᠩᠭᠤᠰᠤ ᠠᠯᠲᠠᠨ ᠪᠤᠯᠭᠢᠳᠠᠭ ᠣᠩᠭᠣᠨ ᠡᠮᠨᠢᠭ ᠦ᠋ᠨ ᠨᠢᠷᠤᠭᠤᠨ ᠳᠡᠭᠡᠷ᠎ᠡ ᠭᠠᠷᠤᠭᠠᠳ ᠯᠠ ᠰᠠᠭᠤᠴᠢᠬᠠᠬᠤ ᠳ᠋ᠤ᠌ ᠶᠣᠰᠣᠲᠠᠢ ᠳᠥᠷᠪᠡᠨ ᠲᠤᠭᠤᠷᠠᠢ ᠨᠢ ᠳᠣᠭᠣᠭᠰᠢ ᠪᠠᠨ᠂ ᠳᠥᠷᠪᠡᠯᠵᠢᠨ ᠬᠥᠯ ᠦ᠋ᠳ ᠨᠢ ᠳᠡᠭᠡᠭᠰᠢ ᠪᠡᠨ ᠪᠠᠢᠭᠰᠠᠨ ᠴᠠᠭ ᠲᠤ ᠤᠨᠠᠨ᠎ᠠ ᠭᠡᠵᠦ ᠪᠣᠯ ᠪᠠᠢᠬᠤ ᠦᠭᠡᠢ ᠬᠥᠮᠦᠨ ᠪᠠᠢᠯ᠎ᠠ᠃ ᠢᠩᠭᠢᠭᠡᠳ ᠦᠶ᠎ᠡ ᠬᠤᠷᠠᠭ ᠤ᠋ᠨ ᠬᠡᠦᠬᠡᠨᠴᠤᠤᠯ ᠤ᠋ᠨ ᠬᠠᠢᠷ᠎ᠠ ᠰᠡᠳᠬᠢᠯ ᠢ᠋ ᠭᠡᠵᠢᠭᠡᠳᠡᠵᠦ ᠵᠣᠪᠠᠭᠠᠳᠠᠭ ᠪᠠᠢᠪᠠ᠃ 
       ᠨᠤᠲᠤᠭ ᠤ᠋ᠨ ᠬᠡᠦᠬᠡᠨᠴᠦᠳ ᠲᠦ᠍ ᠮᠠᠨᠤᠨᠪᠠᠳᠮ᠎ᠠ ᠭᠡᠭᠴᠢ ᠰᠡᠷᠭᠦᠯᠡᠩ ᠬᠡᠦᠬᠡᠨ ᠮᠢᠩᠭᠠᠨᠪᠤᠤ ᠶ᠋ᠢ ᠰᠦᠷᠡᠬᠡᠢ ᠲᠣᠭᠣᠵᠤ ᠳᠤᠷᠠᠲᠠᠶ᠎ᠠ ᠨᠠᠰᠤᠨ ᠤ᠋ ᠵᠠᠶᠠᠭ᠎ᠠ ᠪᠠᠨ ᠬᠣᠯᠪᠣᠵᠤ ᠶᠠᠪᠤᠬᠤ ᠶ᠋ᠢ ᠪᠣᠳᠣᠯ ᠳ᠋ᠠᠭᠠᠨ ᠮᠠᠨᠠᠵᠤ ᠶᠠᠪᠤᠭᠰᠠᠨ ᠢ᠋ ᠬᠡᠨ ᠮᠡᠳᠡᠯ᠎ᠡ? ᠦᠬᠡᠷ ᠵᠢᠯ ᠦ᠋ᠨ ᠦᠢᠮᠡᠭᠡᠨ ᠳ᠋ᠦ᠍ ᠭᠠᠮᠢᠩ ᠤ᠋ᠨ ᠴᠡᠷᠢᠭ ᠮᠢᠩᠭᠠᠨᠪᠤᠤ ᠶ᠋ᠢ ᠤᠨᠤᠭ᠎ᠠ ᠮᠠᠯ ᠳ᠋ᠤ᠌ ᠰᠠᠢᠨ᠂ ᠬᠢᠲᠠᠳ ᠦᠭᠡ ᠴᠦ᠍ ᠶᠠᠷᠢᠴᠢᠬᠠᠳᠠᠭ ᠲᠤᠨᠢ ᠲᠣᠭᠣᠵᠤ ᠴᠡᠷᠢᠭ ᠦ᠋ᠨ ᠠᠯᠪᠠ ᠳ᠋ᠤ᠌ ᠲᠡᠳᠡᠨ ᠦᠬᠡᠷ ᠲᠡᠮᠡᠭᠡ ᠬᠠᠷᠢᠭᠤᠯᠠᠭᠤᠯᠬᠤ ᠪᠠᠷ ᠬᠠᠯᠬ᠎ᠠ ᠳ᠋ᠤ᠌ ᠠᠪᠴᠤ ᠶᠠᠪᠤᠯ᠎ᠠ ᠭᠡᠰᠡᠨ᠁ ᠡᠨᠡ ᠬᠣᠭᠣᠷᠣᠨᠳᠣ ᠮᠠᠨᠤᠨᠪᠠᠳᠮ᠎ᠠ᠂ ᠮᠢᠩᠭᠠᠨᠪᠤᠤ ᠶ᠋ᠢᠨ ᠡᠴᠢᠭᠡ ᠡᠬᠡ ᠶ᠋ᠢᠨ ᠰᠡᠳᠬᠢᠯ ᠳ᠋ᠦ᠍ ᠤᠶᠠᠭᠳᠠᠨ᠂ ᠪᠣᠭᠲᠣᠯᠠᠭ᠎ᠠ ᠦᠭᠡᠢ ᠪᠡᠷᠢ ᠶ᠋ᠢᠨ ᠨᠡᠷ᠎ᠡ ᠪᠡᠷ ᠡᠨᠡ ᠠᠢᠯ ᠳ᠋ᠤ᠌ ᠳᠤᠷᠠᠲᠠᠶ᠎ᠠ《ᠮᠣᠷᠳᠠᠵᠤ》 ᠢᠷᠡᠪᠡ᠃《ᠬᠡᠦᠬᠡᠨ ᠮᠢᠨᠢ᠂ ᠦᠢᠯᠡ ᠪᠢᠰᠢ ᠤᠤ ᠳᠠ! ᠡᠨᠡ ᠴᠠᠭ ᠲᠥᠷᠥ ᠦᠢᠮᠡᠭᠰᠡᠨ ᠦᠶ᠎ᠡ ᠳ᠋ᠦ᠍ ᠮᠢᠩᠭᠠᠨᠪᠤᠤ ᠴᠡᠷᠢᠭ ᠲᠦ᠍ ᠪᠠᠷᠢᠭᠳᠠᠵᠤ ᠶᠠᠪᠤᠭᠠᠳ ᠤᠯᠠᠭᠠᠨ ᠭᠣᠣᠯ ᠲᠠᠢ ᠢᠷᠡᠳᠡᠭ ᠴᠦ᠍ ᠶᠦᠮ ᠤᠤ? ᠦᠭᠡᠢ ᠴᠦ᠍ ᠶᠦᠮ ᠤᠤ? ᠡᠷᠲᠡᠬᠡᠨ ᠰᠢᠭ ᠦᠵᠡᠭᠰᠡᠨ ᠲᠣᠭᠣᠭᠰᠠᠨ ᠬᠥᠮᠦᠨ ᠪᠠᠢᠪᠠᠯ ᠵᠠᠶᠠᠭ᠎ᠠ ᠪᠠᠨ ᠬᠣᠯᠪᠣᠬᠤ ᠶᠤᠮ ᠪᠢᠰᠢ ᠤᠤ⁈ ᠪᠠᠷ᠎ᠠ ᠦᠭᠡᠢ ᠬᠥᠮᠦᠨ ᠦ᠌ ᠬᠣᠭᠣᠰᠣᠨ ᠨᠡᠷ᠎ᠡ ᠳ᠋ᠦ᠍ ᠪᠡᠶ᠎ᠡ ᠪᠡᠨ ᠪᠣᠭᠣᠵᠤ ᠶᠠᠭᠤ ᠬᠢᠬᠦ ᠪᠣᠢ!》 ᠭᠡᠵᠦ ᠡᠪᠦᠭᠡᠨ ᠬᠥᠭᠰᠢᠨ ᠬᠣᠶᠠᠷ ᠬᠡᠴᠢᠨᠡᠭᠡᠨ ᠰᠠᠨᠠᠭᠤᠯᠵᠤ ᠭᠣᠶᠣᠪᠠᠴᠤ ᠪᠣᠯᠳᠠᠭ ᠦᠭᠡᠢ᠃《ᠬᠣᠶᠠᠷ ᠨᠠᠰᠤᠲᠠᠨ ᠮᠢᠨᠢ᠂ ᠪᠢ ᠬᠦᠦ ᠲᠡᠢ ᠴᠢᠨᠢ ᠵᠠᠶᠠᠭ᠎ᠠ ᠪᠠᠨ ᠬᠣᠯᠪᠣᠬᠤ ᠪᠠᠷ ᠰᠢᠭᠤᠳᠴᠢᠬᠠᠭᠰᠠᠨ! ᠳᠤᠷ᠎ᠠ ᠳ᠋ᠤ᠌ ᠰᠢᠷ᠎ᠠ ᠦᠭᠡᠢ ᠭᠡᠳᠡᠭ ᠢ᠋ᠶ᠋ᠡᠷ ᠪᠢ ᠲᠠᠨ ᠤ᠋ ᠮᠣᠷᠢᠨ ᠤ᠋ ᠱᠣᠩ ᠲᠠᠢ ᠴᠢᠨᠢ ᠵᠠᠶᠠᠭ᠎ᠠ ᠪᠠᠨ ᠬᠣᠯᠪᠣᠭᠰᠠᠨ ᠴᠦ᠍ ᠶᠠᠭᠠᠮᠠᠢ!》 ᠭᠡᠵᠦ ᠡᠪᠦᠭᠡᠨ ᠬᠥᠭᠰᠢᠨ ᠢ᠋ ᠬᠦᠨᠳᠦᠯᠡᠨ ᠠᠰᠠᠷᠠᠵᠤ ᠬᠦᠦ ᠶ᠋ᠢᠨ ᠣᠷᠣᠨ ᠳ᠋ᠤ᠌ ᠬᠦᠦ ᠪᠣᠯᠵᠤ ᠶᠠᠪᠤᠯ᠎ᠠ᠃ 
       ᠮᠢᠩᠭᠠᠨᠪᠤᠤ ᠭᠣᠣ ᠰᠸᠯᠢᠩ ᠦ᠋ᠨ ᠴᠡᠷᠢᠭ ᠦ᠋ᠨ ᠠᠶᠠᠨ ᠢ᠋ᠶ᠋ᠠᠷ ᠬᠠᠯᠬ᠎ᠠ ᠨᠤᠲᠤᠭ ᠲᠤ ᠴᠡᠷᠢᠭ ᠦ᠋ᠨ ᠲᠡᠮᠡᠭᠡ ᠬᠠᠷᠢᠭᠤᠯᠵᠤ ᠶᠠᠪᠤᠬᠤ ᠳ᠋ᠠᠭᠠᠨ ᠬᠤᠪᠢᠯᠴᠡᠴᠡᠭ ᠬᠡᠦᠬᠡᠨ ᠳ᠋ᠦ᠍ ᠰᠡᠳᠬᠢᠯ ᠲᠡᠢ ᠪᠣᠯᠵᠤ ᠰᠠᠭᠤᠯ᠎ᠠ ᠭᠡᠰᠡᠨ᠁ ᠭᠠᠮᠢᠩ ᠴᠡᠷᠢᠭ ᠴᠣᠬᠢᠭᠳᠠᠵᠤ ᠡᠮᠦᠨᠡᠰᠢ ᠪᠤᠴᠠᠬᠤ ᠳ᠋ᠤ᠌ ᠮᠢᠩᠭᠠᠨᠪᠤᠤ ᠴᠡᠷᠢᠭ ᠦ᠋ᠨ ᠬᠥᠯ ᠳᠠᠭᠠᠵᠤ ᠪᠤᠴᠠᠯ ᠦᠭᠡᠢ ᠪᠣᠯᠬᠤ ᠦᠭᠡᠢ ᠲᠤᠯᠠ ᠢᠵᠢᠯᠢᠰᠢᠭᠰᠡᠨ ᠬᠣᠶᠠᠷ ᠰᠠᠯ ᠶᠠᠳᠠᠨ ᠶᠣᠰᠣᠲᠠᠢ ᠯᠠ ᠡᠯᠢᠭᠡ ᠵᠢᠷᠦᠬᠡ ᠪᠡᠨ ᠤᠷᠠᠮ᠎ᠠ ᠪᠣᠯᠤᠭᠰᠠᠨ ᠳ᠋ᠤ᠌ ᠮᠢᠩᠭᠠᠨᠪᠤᠤ ᠱ᠌ᠢᠷᠦᠨ ᠤᠯᠠᠭᠠᠨ ᠵᠢᠩᠰᠡ ᠲᠡᠢ ᠮᠠᠨᠤᠬᠤᠨ ᠬᠥᠬᠦᠦᠷ ᠢ᠋ᠶ᠋ᠡᠨ ᠭᠠᠷᠭᠠᠵᠤ ᠦᠨᠦᠰᠦᠭᠡᠳ《ᠨᠠᠮᠠᠶ᠋ᠢ ᠰᠠᠨᠠᠪᠠᠯ ᠦᠷᠬᠦᠢ ᠢᠩᠭᠢᠵᠦ ᠦᠨᠦᠰᠴᠦ ᠪᠠᠢᠭᠠᠷᠠᠢ᠂ ᠪᠢ ᠯᠠᠪ ᠴᠢᠮ᠎ᠠ ᠳᠡᠭᠡᠷ᠎ᠡ ᠪᠤᠴᠠᠵᠤ ᠢᠷᠡᠨ᠎ᠡ》 ᠭᠡᠳ ᠬᠤᠪᠢᠯᠴᠡᠴᠡᠭ ᠬᠡᠦᠬᠡᠨ ᠳ᠋ᠦ᠍ ᠪᠡᠯᠡᠭᠯᠡᠭᠰᠡᠨ ᠳ᠋ᠦ᠍ ᠬᠠᠷᠢᠭᠤ ᠳ᠋ᠤᠨᠢ ᠳᠤᠲᠠᠭᠤ ᠤᠷᠠᠯᠠᠭᠰᠠᠨ ᠢᠨᠵᠠᠭᠠᠨ ᠬᠡ ᠲᠡᠢ ᠬᠥᠬᠦᠦᠷ ᠦ᠋ᠨ ᠬᠠᠪᠲᠠᠭ᠎ᠠ ᠪᠠᠨ ᠥᠭᠴᠦ《᠁ ᠵᠠᠮ ᠳ᠋ᠠᠭᠠᠨ ᠰᠠᠢᠨ ᠶᠠᠪᠤᠭᠠᠷᠠᠢ ᠮᠢᠩᠭᠠᠨᠪᠤᠤ ᠠᠬ᠎ᠠ ᠮᠢᠨᠢ!》 ᠭᠡᠵᠦ ᠮᠢᠩᠭᠠᠨᠪᠤᠤ ᠶ᠋ᠢᠨ ᠪᠠᠷ᠎ᠠ ᠲᠠᠰᠤᠷᠠᠲᠠᠯ᠎ᠠ ᠦᠳᠡᠵᠦ ᠵᠣᠭᠰᠣᠬᠤ ᠳ᠋ᠠᠭᠠᠨ᠄ 
         ᠴᠡᠩᠬᠡᠷ ᠴᠠᠭᠠᠨ ᠡᠭᠦᠯᠡ ᠨᠢ ᠭᠠᠷᠪᠠᠯ  
         ᠴᠢᠭᠢᠭ ᠬᠤᠷ᠎ᠠ ᠨᠢ ᠤᠨᠠᠳᠠᠭ ᠶᠤᠮ ᠠ᠋ ᠬᠦ 
         ᠴᠢᠩᠳᠠ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ 
         ᠴᠢᠭᠯᠡᠭᠡᠳ ᠢᠷᠡᠯᠭᠦᠢ ᠳᠡ ᠬᠦ  
         ᠪᠠᠳᠠᠷᠠᠩᠭᠤᠢ ᠡᠭᠦᠯᠡ ᠨᠢ ᠭᠠᠷᠪᠠᠯ 
         ᠪᠣᠷᠣᠭᠠᠨ ᠨᠢ ᠣᠷᠣᠳᠠᠭ ᠶᠤᠮ ᠠ᠋ ᠬᠦ  
         ᠪᠠᠲᠤ ᠰᠡᠳᠬᠢᠯ ᠵᠠᠩ ᠢ᠋ᠶ᠋ᠠᠷ ᠢ᠋ᠶ᠋ᠠᠨ ᠪᠠᠢᠪᠠᠯ 
         ᠪᠤᠴᠠᠭᠠᠳ ᠢᠷᠡᠯᠭᠦᠢ ᠳᠡ !  
         ᠭᠠᠩᠭᠠᠷ ᠭᠤᠩᠭᠠᠷ ᠶᠤ᠌ ᠭᠠᠯᠠᠭᠤ ᠰᠢᠪᠠᠭᠤ ᠨᠢ 
         ᠭᠠᠵᠠᠷ ᠲᠠᠭᠠᠨ ᠶᠠᠪᠤᠬᠤ ᠶᠤᠮ ᠪᠠᠢᠨ᠎ᠠ 
         ᠭᠠᠩᠭᠠᠩ ᠲᠥᠷᠥᠭᠰᠡᠨ ᠮᠢᠩᠭᠠᠨᠪᠤᠤ ᠠᠵᠠᠢ ᠮᠢᠨᠢ 
         ᠭᠡᠷ ᠲᠦ᠍ ᠪᠡᠨ ᠬᠠᠷᠢᠬᠤ ᠶᠤᠮ ᠪᠠᠢᠨ᠎ᠠ᠁ 
ᠭᠡᠵᠦ ᠬᠤᠪᠢᠯᠴᠡᠴᠡᠭ ᠠᠮᠠᠷᠠᠭ ᠬᠣᠩᠭᠣᠷ ᠤ᠋ᠨ ᠢ᠋ᠶ᠋ᠠᠨ ᠠᠷᠤ ᠠ᠋ᠴᠠ ᠳᠠᠭᠤᠯᠠᠭᠰᠠᠨ ᠳ᠋ᠤ᠌ ᠴᠡᠯᠮᠡᠭ ᠣᠭᠲᠠᠷᠭᠤᠢ ᠳ᠋ᠤ᠌ ᠴᠡᠩᠬᠡᠷ ᠴᠠᠭᠠᠨ ᠡᠭᠦᠯᠡ ᠭᠠᠷᠴᠤ ᠪᠣᠷᠣᠭᠠᠨ ᠳᠤᠰᠤᠭᠠᠨᠠᠵᠤ ᠪᠠᠢᠪᠠ᠁ 
       ᠤᠤᠯ ᠨᠢ ᠮᠢᠩᠭᠠᠨᠪᠤᠤ ᠭᠣᠣ ᠰᠸᠯᠢᠩ ᠦ᠋ᠨ ᠮᠢᠩᠭᠠᠭᠠᠳ ᠲᠡᠮᠡᠭᠡ ᠶ᠋ᠢ ᠬᠠᠷᠢᠭᠤᠯᠬᠤ ᠳ᠋ᠠᠭᠠᠨ ᠭᠣᠪᠢ ᠶ᠋ᠢᠨ ᠲᠡᠮᠡᠭᠡᠳ ᠭᠠᠵᠠᠷ ᠨᠤᠲᠤᠭ᠂ ᠪᠡᠯᠴᠢᠭᠡᠷ ᠤᠰᠤ ᠥᠭᠡᠷᠡᠯᠬᠡᠵᠦ᠂ ᠠᠭᠤᠯᠠᠷᠬᠠᠭ ᠵᠣ ᠭᠠᠵᠠᠷ ᠲᠡᠮᠡᠭᠡ ᠲᠣᠭᠲᠠᠬᠤ ᠦᠭᠡᠢ ᠦᠢᠯᠡ ᠦᠵᠡᠬᠦ ᠳ᠋ᠦ᠍ᠨᠢ ᠬᠡᠳᠦᠨ ᠵᠠᠭᠤᠨ ᠲᠡᠮᠡᠭᠡ ᠶ᠋ᠢ ᠳᠣᠲᠣᠷ᠎ᠠ ᠭᠠᠵᠠᠷ ᠤᠷᠤᠭᠤ ᠪᠣᠷᠣᠯᠠᠭᠤᠯᠵᠤ᠂ ᠨᠢᠭᠡ ᠪᠦᠯᠦᠭ ᠢ᠋ ᠨᠢ ᠠᠷᠤ ᠲᠡᠢᠰᠢ ᠮᠤᠨᠠ ᠠᠭᠤᠯᠠ ᠶ᠋ᠢᠨ ᠬᠢᠷ᠎ᠠ ᠳᠠᠪᠠᠭᠤᠯᠤᠨ ᠬᠥᠭᠡᠭᠡᠵᠦ᠂ ᠭᠣᠪᠢ ᠨᠤᠲᠤᠭ ᠤ᠋ᠨ ᠪᠠᠷ᠎ᠠ ᠬᠠᠷᠠᠭᠤᠯᠪᠠ᠃ ᠡᠢᠨ ᠬᠦ᠌ ᠥᠪᠡᠷ ᠢ᠋ᠶ᠋ᠡᠨ ᠴᠡᠷᠢᠭ ᠦ᠋ᠨ ᠠᠯᠪᠠ ᠠ᠋ᠴᠠ ᠮᠤᠯᠲᠤᠷᠠᠵᠤ ᠬᠤᠪᠢᠯᠴᠡᠴᠡᠭ ᠲᠡᠢ ᠪᠡᠨ ᠠᠮᠠᠷᠠᠭᠯᠠᠨ ᠰᠠᠭᠤᠵᠤ ᠠᠢᠯ ᠭᠡᠷ ᠠᠵᠠ ᠵᠢᠷᠭᠠᠯ ᠤ᠋ᠨ ᠪᠠᠯ ᠢ᠋ ᠠᠩᠬᠠᠯᠠᠨ ᠠᠮᠲᠠᠯᠠᠲᠠᠯ᠎ᠠ ᠭᠠᠢ ᠭᠠᠵᠠᠷ ᠳᠣᠣᠷ᠎ᠠ ᠠ᠋ᠴᠠ ᠭᠡᠳᠡᠭ ᠨᠢ ᠭᠠᠮᠢᠩ ᠤ᠋ᠨ ᠴᠡᠷᠢᠭ ᠦ᠋ᠨ ᠭᠣᠣ ᠰᠸᠯᠢᠩ ᠮᠢᠩᠭᠠᠨᠪᠤᠤ ᠶ᠋ᠢᠨ ᠭᠡᠷ ᠨᠤᠲᠤᠭ᠂ ᠬᠣᠰᠢᠭᠤ ᠶᠠᠮᠤᠨ ᠳ᠋ᠤ᠌ ᠳᠠᠭᠤᠳᠠᠯᠭ᠎ᠠ ᠨᠡᠬᠡᠯᠭᠡ ᠪᠣᠯᠪᠠ᠃《ᠮᠢᠩᠭᠠᠨᠪᠤᠤ ᠭᠣᠣ ᠰᠸᠯᠢᠩ ᠦ᠋ᠨ ᠮᠢᠩᠭᠠᠨ ᠲᠡᠮᠡᠭᠡ ᠡᠴᠡ ᠰᠠᠯᠭᠠᠵᠤ ᠲᠠᠭᠤᠪᠠ》 ᠭᠡᠰᠡᠨ ᠶᠠᠯ᠎ᠠ ᠵᠢᠭᠠᠵᠤ ᠲᠡᠭᠦᠨ ᠢ᠋ ᠪᠠᠷᠢᠪᠴᠢᠯᠠᠷ᠎ᠠ ᠴᠡᠷᠢᠭ ᠲᠣᠮᠢᠯᠠᠪᠠ᠃ 
       ᠰᠠᠢᠨ ᠠᠨᠳᠠ ᠰᠸᠳᠠᠩ ᠦᠵᠡᠩ ᠡᠨᠡ ᠲᠤᠬᠠᠢ ᠪᠠᠲᠤᠲᠠᠢ ᠴᠢᠮᠡᠭᠡ ᠶ᠋ᠢ ᠣᠯᠵᠤ ᠮᠡᠳᠡᠭᠡᠳ ᠮᠢᠩᠭᠠᠨᠪᠤᠤ ᠶ᠋ᠢᠨ ᠰᠤᠷᠠᠭ ᠢ᠋ ᠠᠷᠤ ᠭᠣᠪᠢ ᠠ᠋ᠴᠠ ᠬᠠᠢᠵᠤ ᠣᠯᠤᠨ ᠬᠡᠳᠦᠭᠦᠯᠡ ᠬᠠᠷᠢ ᠨᠤᠲᠤᠭ ᠬᠣᠯᠠ ᠶᠠᠪᠤᠶ᠎ᠠ ᠭᠡᠳ ᠲᠣᠭᠣᠰᠣ ᠬᠥᠳᠡᠯᠭᠡᠲᠡᠯ᠎ᠡ ᠭᠠᠮᠢᠩ ᠤ᠋ᠨ ᠴᠡᠷᠢᠭ ᠦ᠋ᠳ ᠲᠦ᠍ ᠬᠠᠰᠢᠭᠳᠠᠭᠰᠠᠨ ᠪᠢᠯᠡ᠃  
       ᠮᠢᠩᠭᠠᠨᠪᠤᠤ ᠭᠠᠮᠢᠩ ᠤ᠋ᠨ ᠴᠡᠷᠢᠭ ᠲᠦ᠍ ᠪᠠᠷᠢᠭᠳᠠᠵᠤ ᠱᠣᠷᠣᠩ ᠳ᠋ᠤ᠌ ᠣᠷᠣᠪᠠ᠁  
       ᠲᠡᠭᠦᠨ ᠦ᠌ ᠡᠴᠢᠭᠡ ᠡᠬᠡ ᠨᠢᠯᠪᠤᠰᠤ ᠪᠠᠷ ᠨᠢᠭᠤᠷ ᠢ᠋ᠶ᠋ᠠᠨ ᠤᠬᠢᠶᠠᠬᠤ ᠠ᠋ᠴᠠ ᠴᠠᠭᠠᠰᠢ ᠶᠠᠮᠠᠷ ᠴᠦ᠍ ᠠᠷᠭ᠎ᠠ ᠤᠬᠠᠭᠠᠨ ᠪᠠᠢᠭᠰᠠᠨ ᠦᠭᠡᠢ᠃ ᠮᠥᠩᠭᠥ ᠲᠥᠭᠥᠷᠢᠭ ᠢ᠋ᠶ᠋ᠡᠨ ᠪᠠᠷᠢᠭᠠᠳ ᠮᠥᠷᠭᠥᠬᠦ ᠬᠥᠮᠦᠨ ᠢ᠋ᠶ᠋ᠡᠨ ᠣᠯᠬᠤ ᠦᠭᠡᠢ᠃ ᠡᠨᠡ ᠦᠶ᠎ᠡ ᠳ᠋ᠦ᠍ ᠭᠣᠣ ᠰᠸᠯᠢᠩ ᠪᠠᠷᠠᠭᠤᠨ ᠬᠦᠩ ᠦ᠋ᠨ ᠬᠣᠰᠢᠭᠤ ᠶᠠᠮᠤᠨ ᠳ᠋ᠤ᠌ ᠪᠢᠴᠢᠭ ᠥᠭᠴᠦ《ᠮᠢᠩᠭᠠᠨ ᠲᠡᠮᠡᠭᠡ ᠶ᠋ᠢ ᠮᠢᠨᠢ ᠲᠣᠭ᠎ᠠ ᠶᠣᠰᠣᠭᠠᠷ ᠲᠥᠯᠥᠵᠦ ᠥᠭᠪᠡᠯ ᠬᠥᠮᠦᠨ ᠢ᠋ᠶ᠋ᠡᠨ ᠠᠪᠠᠴᠢ! ᠡᠰᠡ ᠲᠡᠢᠮᠦ ᠪᠣᠯ ᠦᠬᠦᠳᠡᠯ ᠢ᠋ ᠨᠢ ᠴᠢᠷᠬᠦ ᠪᠡᠷ ᠢᠷ᠎ᠡ!》 ᠭᠡᠰᠡᠨ ᠦ᠌ ᠬᠠᠷᠢᠭᠤ ᠳ᠋ᠤ᠌ ᠪᠠᠷᠠᠭᠤᠨ ᠬᠦᠩ ᠦ᠋ᠨ ᠬᠣᠰᠢᠭᠤ ᠶᠠᠮᠤᠨ ᠠ᠋ᠴᠠ《ᠭᠠᠮᠢᠩ ᠤ᠋ᠨ ᠴᠡᠷᠢᠭ ᠮᠠᠨ ᠤ᠋ ᠬᠤᠰᠢᠭᠤᠨ ᠤ᠋ ᠢᠷᠭᠡᠳ ᠮᠢᠩᠭᠠᠨᠪᠤᠤ ᠶ᠋ᠢ ᠴᠡᠷᠢᠭ ᠲᠦ᠍ ᠲᠠᠲᠠᠵᠤ ᠲᠡᠮᠡᠭᠡ ᠬᠠᠷᠢᠭᠤᠯᠠᠭᠤᠯᠬᠤ ᠳ᠋ᠠᠭᠠᠨ ᠬᠣᠰᠢᠭᠤ ᠶᠠᠮᠤᠨ ᠢ᠋ᠶ᠋ᠠᠷ ᠳᠠᠮᠵᠢᠭᠰᠠᠨ ᠦᠭᠡᠢ ᠪᠠᠢᠲᠠᠯ᠎ᠠ ᠥᠨᠥᠳᠥᠷ ᠬᠡᠷᠡᠭ ᠵᠠᠷᠭᠤ ᠥᠷᠢ ᠲᠥᠯᠥᠪᠦᠷᠢ ᠳ᠋ᠦ᠍ ᠴᠢᠷᠦᠭᠳᠡᠬᠦ ᠳ᠋ᠦ᠍ ᠶᠠᠮᠤᠨ ᠳ᠋ᠤ᠌ ᠬᠡᠯᠡᠬᠦ ᠶᠠᠭᠤ ᠪᠠᠢᠬᠤ ᠪᠣᠢ! ᠬᠣᠰᠢᠭᠤ ᠶᠠᠮᠤᠨ ᠮᠢᠩᠭᠠᠨᠪᠤᠤ ᠶ᠋ᠢᠨ ᠠᠯᠳᠠᠭᠰᠠᠨ ᠲᠡᠮᠡᠭᠡ ᠶ᠋ᠢ ᠲᠥᠯᠥᠬᠦ ᠶᠣᠰᠣ ᠦᠭᠡᠢ᠃ ᠲᠠ ᠨᠠᠷ ᠥᠪᠡᠷ ᠢ᠋ᠶ᠋ᠡᠨ ᠮᠡᠳᠡ!》 ᠭᠡᠵᠦ ᠬᠠᠷᠢᠭᠤᠯᠲᠠ ᠥᠭᠭᠦᠭᠰᠡᠨ ᠪᠠᠢᠪᠠ᠃ ᠡᠨᠡ ᠦᠶ᠎ᠡ ᠳ᠋ᠦ᠍ ᠮᠢᠩᠭᠠᠨᠪᠤᠤ ᠶ᠋ᠢᠨ ᠪᠡᠶ᠎ᠡ ᠶ᠋ᠢᠨ ᠰᠢᠷ᠎ᠠ ᠦᠰᠦᠨ ᠦ᠌ ᠰᠦᠪᠡ ᠪᠣᠯᠭᠠᠨ ᠨᠢ ᠠᠮᠠ ᠪᠣᠯᠵᠤ ᠬᠤᠪᠢᠷᠠᠭᠰᠠᠨ ᠴᠦ᠍ ᠶᠣᠰᠣ ᠪᠠᠨ ᠣᠯᠬᠤ ᠦᠭᠡᠢ ᠪᠣᠯᠵᠤ ᠦᠬᠦᠬᠦ ᠡᠳᠦᠷ ᠢ᠋ᠶ᠋ᠡᠨ ᠬᠦᠯᠢᠶᠡᠬᠦ ᠯᠡ ᠪᠣᠯᠪᠠ᠃ 
       ᠦᠬᠦᠵᠦ ᠰᠡᠬᠡᠬᠦ ᠶ᠋ᠢᠨ ᠳᠠᠪᠠᠭᠠᠨ ᠳᠡᠭᠡᠷ᠎ᠡ ᠲᠡᠯᠴᠢᠯᠡᠭᠰᠡᠨ ᠮᠢᠩᠭᠠᠨᠪᠤᠤ ᠶ᠋ᠢ ᠮᠠᠨᠤᠨᠪᠠᠳᠮ᠎ᠠ ᠡᠷᠯᠢᠭ ᠦ᠋ᠨ ᠡᠯᠴᠢ ᠡᠴᠡ ᠪᠤᠯᠢᠶᠠᠵᠤ ᠠᠪᠴᠢᠷᠠᠵᠠᠢ᠃ 
       ᠮᠠᠨᠤᠨᠪᠳᠮ᠎ᠠ ᠠᠯᠲᠠ ᠪᠤᠯᠬᠠᠭᠰᠠᠨ ᠮᠥᠩᠭᠥᠨ ᠲᠣᠯᠣᠭᠠᠢ ᠶ᠋ᠢᠨ ᠡᠳ᠋ᠯᠡᠯ᠂ ᠤᠨᠵᠢᠯᠭ᠎ᠠ ᠰᠦᠢᠬᠡ ᠶ᠋ᠢ ᠵᠢᠮᠰᠡᠭ ᠪᠦᠷᠢᠳᠦᠭᠦᠯᠦᠨ ᠵᠡᠭᠦᠵᠦ᠂ ᠥᠪᠡᠷ ᠢ᠋ ᠪᠡᠨ ᠪᠠᠷᠠᠭᠤᠨ ᠬᠦᠩ ᠦ᠋ᠨ ᠨᠣᠶᠠᠨ ᠤ᠋ ᠬᠠᠲᠤᠨ ᠢ᠋ᠶ᠋ᠠᠷ ᠵᠠᠰᠠᠵᠤ ᠴᠢᠮᠡᠭᠯᠡᠨ ᠡᠳᠦᠢ ᠲᠡᠳᠦᠢ ᠦᠨᠡᠲᠦ ᠪᠡᠯᠡᠭ ᠰᠡᠯᠲᠡ ᠭᠠᠨᠵᠤᠭᠠᠯᠠᠨ ᠪᠤᠭᠤᠲᠤ ᠤᠷᠤᠭᠤ ᠬᠥᠳᠡᠯᠵᠡᠢ᠃ 
       ᠭᠤᠷᠪᠠ ᠬᠥᠯᠦᠭᠰᠡᠨ ᠲᠣᠷᠭᠠᠨ ᠰᠠᠴᠤᠭᠲᠤ ᠰᠡᠦᠬᠡ ᠲᠡᠷᠭᠡ ᠭᠣᠣ ᠰᠸᠯᠢᠩ ᠦ᠋ᠨ ᠬᠠᠶᠠᠭᠠᠨ ᠳ᠋ᠤ᠌ ᠶᠠᠮᠪᠠᠲᠠᠢᠬᠠᠨ ᠪᠠᠭᠤᠬᠤ ᠳ᠋ᠤ᠌ ᠭᠣᠣ ᠰᠸᠯᠢᠩ ᠦ᠋ᠨ ᠬᠤᠷᠤᠭᠤ ᠬᠢᠮᠤᠰᠤ ᠨᠤᠭᠤᠳ ᠭᠡᠭᠴᠢ《ᠪᠠᠷᠠᠭᠤᠨ ᠬᠦᠩ ᠦ᠋ᠨ ᠬᠠᠲᠤᠨ ᠲᠠᠢᠳᠠᠢ ᠢᠷᠡᠯ᠎ᠡ》 ᠭᠡᠳ ᠠᠴᠢᠶ᠎ᠠ ᠬᠥᠰᠬᠡ ᠪᠠᠭᠤᠯᠭᠠᠵᠤ ᠡᠨᠡ ᠲᠡᠷᠡ ᠶ᠋ᠢ ᠡᠪᠯᠡᠭᠦᠯᠦᠨ ᠪᠡᠷᠬᠡ ᠶᠠᠭᠠᠷᠠᠪᠠ᠃  
       ᠮᠠᠨᠤᠨᠪᠠᠳᠮ᠎ᠠ ᠭᠣᠣ ᠰᠸᠯᠢᠩ ᠲᠡᠢ ᠨᠢᠭᠤᠷᠳᠠᠵᠤ ᠠᠭᠤᠯᠵᠠᠬᠤ ᠭᠡᠵᠦ ᠢᠷᠡᠭᠰᠡᠨ ᠪᠣᠯᠪᠠᠴᠤ ᠭᠣᠣ ᠰᠸᠯᠢᠩ ᠨᠢ ᠡᠵᠡᠭᠦᠢ ᠪᠠᠢᠵᠠᠢ᠃ ᠭᠣᠣᠯ ᠡᠵᠡᠨ ᠭᠠᠤᠯᠢᠨ ᠪᠤᠷᠬᠠᠨ ᠨᠢ ᠪᠠᠢᠳᠠᠭ ᠦᠭᠡᠢ ᠳ᠋ᠦ᠍ ᠡᠷᠭᠦᠴᠡ ᠪᠡᠯᠡᠭ ᠢ᠋ᠶ᠋ᠡᠨ ᠬᠡᠨ ᠳ᠋ᠦ᠍ᠨᠢ ᠭᠡᠵᠦ ᠡᠷᠭᠦᠳᠡᠭ ᠪᠢᠯᠡ⁈ ᠠᠷᠠᠢ ᠯᠠ ᠴᠠᠭᠠᠳᠤ ᠲᠠᠲᠠᠪᠤᠷᠢ ᠨᠤᠭᠤᠳ ᠲᠤᠨᠢ ᠦᠭᠴᠢᠬᠡᠭᠡᠳ ᠬᠣᠭᠣᠰᠣᠨ ᠭᠣᠣ ᠦᠰᠦᠷᠴᠢᠬᠡᠬᠦ ᠪᠢᠰᠢ ᠪᠢᠵᠡ ᠭᠡᠵᠦ ᠰᠡᠳᠬᠢᠯ ᠬᠤᠭᠤᠷᠠᠬᠤ ᠪᠣᠯᠪᠠᠴᠤ ᠬᠠᠢᠷᠠᠲᠠᠢ ᠲᠠᠲᠠᠪᠤᠷᠢ ᠡᠮ᠎ᠡ ᠶ᠋ᠢᠨ ᠬᠢᠨᠢ ᠰᠡᠳᠬᠢᠯ ᠢ᠋ ᠪᠠᠶᠠᠰᠬᠠᠬᠤ ᠨᠢ ᠲᠡᠷᠢᠭᠦᠨ ᠵᠣᠷ ᠭᠡᠭᠴᠢ ᠶ᠋ᠢ ᠲᠡᠷᠡ ᠶᠠᠭᠤᠨ ᠠᠨᠳᠠᠬᠤ ᠪᠢᠯᠡ!  
       ᠲᠠᠲᠠᠪᠤᠷᠢ ᠡᠮ᠎ᠡ ᠳ᠋ᠦ᠍ᠨᠢ ᠠᠯᠲᠠ ᠮᠥᠩᠭᠥᠨ ᠪᠦᠯᠡᠵᠡᠭ ᠨᠢᠭᠡ ᠬᠣᠣᠰ᠂ ᠠᠯᠲᠠᠨ ᠡᠭᠡᠮᠦᠭ ᠨᠢᠭᠡ ᠬᠣᠣᠰ᠂ ᠭᠣᠣ ᠰᠸᠯᠢᠩ ᠳ᠋ᠦ᠍ ᠪᠤᠯᠠᠭᠠᠨ ᠠᠷᠠᠰᠤᠨ ᠳᠡᠪᠡᠯ ᠦ᠋ᠨ ᠳᠣᠲᠣᠷ᠂ ᠦᠨᠡᠭᠡᠨ ᠠᠷᠠᠰᠤᠨ ᠬᠣᠭᠣᠯᠠᠪᠴᠢ᠂ ᠮᠤᠨᠠ ᠠᠭᠤᠯᠠ ᠶ᠋ᠢᠨ ᠰᠤᠭᠤ ᠶ᠋ᠢᠨ ᠢᠬᠡᠷ᠎ᠡ ᠢᠨᠵᠠᠭ᠎ᠠ(ᠨᠦᠷ᠎ᠡ) ᠵᠡᠷᠭᠡ ᠦᠨᠡᠲᠦ ᠴᠤᠬᠠᠭ ᠪᠡᠯᠡᠭ ᠬᠦᠷᠭᠡᠭᠰᠡᠨ ᠳ᠋ᠦ᠍ ᠭᠣᠣ ᠰᠸᠯᠢᠩ ᠦ᠋ᠨ ᠲᠠᠲᠠᠪᠤᠷᠢ ᠡᠮ᠎ᠡ ᠶ᠋ᠢᠨ ᠱᠣᠢᠱᠣᠭ ᠬᠥᠯ ᠨᠢ ᠡᠭᠡᠷᠡᠭᠦᠯ ᠰᠢᠭ ᠡᠷᠭᠢᠯᠳᠦᠵᠦ ᠲᠥᠷᠥᠯᠬᠢ ᠶ᠋ᠢᠨ ᠢᠨᠢᠶᠡᠵᠦ ᠲᠥᠷᠥᠭᠰᠡᠨ ᠰᠢᠭ ᠴᠢᠷᠠᠢ ᠨᠢ ᠲᠡᠨᠢᠢᠨ᠎ᠡ᠃ 
       ᠡᠨᠡ ᠬᠣᠷᠸ᠎ᠠ ᠪᠣᠯ ᠡᠢᠮᠦ ᠯᠡ ᠵᠣᠭᠣᠰ ᠲᠠᠢ ᠪᠣᠯ ᠵᠢᠷᠣᠭ᠎ᠠ᠂ ᠵᠣᠭᠣᠰ ᠦᠭᠡᠢ ᠪᠣᠯ ᠵᠣᠭᠰᠣᠭ᠎ᠠ ᠬᠣᠷᠸ᠎ᠠ ᠰᠠᠨᠵᠠᠢ᠃ 
       ᠭᠣᠣ ᠰᠸᠯᠢᠩ ᠦ᠋ᠨ ᠲᠠᠲᠠᠪᠤᠷᠢ ᠡᠮ᠎ᠡ ᠪᠠᠷᠠᠭᠤᠨ ᠬᠦᠩ ᠦ᠋ᠨ ᠬᠦᠩ ᠨᠣᠶᠠᠨ ᠤ᠋ ᠬᠠᠲᠤᠨ ᠡᠢᠨ ᠬᠦ᠌ ᠬᠦᠨᠳᠦ ᠪᠡᠯᠡᠭ ᠲᠡᠢ ᠵᠠᠯᠠᠷᠠᠵᠤ ᠪᠠᠭᠤᠭᠰᠠᠨ ᠳ᠋ᠤ᠌ ᠡᠯᠪᠡᠭ ᠰᠢᠷᠡᠭᠡ ᠵᠠᠰᠠᠵᠤ ᠦᠯᠡᠮᠵᠢ ᠶᠡᠬᠡ ᠳᠠᠢᠯᠠᠯᠭ᠎ᠠ ᠬᠢᠪᠡ᠃ 
       ᠢᠷᠡᠭᠰᠡᠨ ᠵᠣᠴᠢᠨ ᠤ᠋ ᠵᠡᠷᠭᠡ ᠵᠢᠩᠰᠡ᠂ ᠪᠡᠯᠡᠭ ᠰᠡᠯᠲᠡ ᠶ᠋ᠢᠨ ᠬᠦᠨᠳᠦ ᠬᠥᠩᠭᠡᠨ ᠢ᠋ ᠬᠠᠷᠠᠵᠤ ᠰᠢᠷᠡᠭᠡ ᠵᠠᠰᠠᠳᠠᠭ ᠤᠴᠢᠷ᠂ ᠥᠨᠥᠳᠥᠷ ᠦ᠋ᠨ ᠳᠠᠢᠯᠠᠯᠭ᠎ᠠ ᠴᠦ᠍ ᠳᠤᠲᠠᠭᠤᠳᠠᠵᠤ ᠡᠰᠡ ᠪᠣᠯᠬᠤ ᠲᠤᠯᠠ ᠢᠷᠡᠭᠰᠡᠨ ᠪᠠ ᠢᠷᠡᠭᠦᠯᠦᠭᠰᠡᠨ ᠬᠣᠶᠠᠷ ᠡᠲᠡᠭᠡᠳ ᠦ᠋ᠨ ᠴᠢᠷᠠᠢ ᠳ᠋ᠤ᠌ ᠪᠠᠶᠠᠰᠤᠯ ᠴᠠᠯᠭᠢᠵᠤ ᠢᠯᠠᠮ᠎ᠠ ᠶ᠋ᠢᠨ ᠮᠣᠳᠣᠨ ᠳ᠋ᠤ᠌ ᠱᠠᠭᠠᠵᠠᠭᠠᠢ ᠴᠤᠭᠯᠠᠭᠰᠠᠨ ᠰᠢᠭ᠋ ᠪᠡᠶ᠎ᠡ ᠪᠡᠶ᠎ᠡ ᠪᠡᠨ ᠱᠠᠭᠰᠢᠵᠤ ᠪᠠᠢᠪᠠ᠃ ᠬᠡᠨ ᠬᠥᠮᠦᠨ ᠦ᠌ ᠴᠢᠷᠠᠢ ᠰᠡᠳᠬᠢᠯ ᠳ᠋ᠦ᠍ ᠰᠡᠵᠢᠭ ᠳᠠᠭᠠᠪᠤᠷᠢ ᠶ᠋ᠢᠨ ᠣᠨᠢᠰᠣᠭ᠎ᠠ ᠭᠡᠵᠦ ᠰᠡᠪ ᠮᠡᠳᠡᠭᠳᠡᠬᠦ ᠦᠭᠡᠢ᠃ ᠭᠡᠬᠦ ᠳ᠋ᠦ᠍ ᠲᠣᠪ ᠲᠣᠭᠲᠠᠭᠤᠬᠠᠨ ᠨᠠᠭᠤᠷ ᠤ᠋ᠨ ᠤᠰᠤᠨ ᠳ᠋ᠤ᠌ ᠴᠢᠯᠠᠭᠤ ᠬᠠᠶᠠᠵᠤ ᠬᠤᠨᠢᠷᠢᠶᠠᠲᠤᠭᠤᠯᠬᠤ ᠶ᠋ᠢ ᠪᠠᠢᠲᠤᠭᠠᠢ ᠭᠠᠵᠠᠷ ᠢ᠋ ᠦᠨᠦᠰᠦᠨ ᠰᠡᠪᠢᠯᠵᠡᠬᠦ ᠵᠢᠪᠠᠷ ᠲᠤ ᠴᠦ᠍ ᠢᠯᠳᠠᠮᠬᠠᠨ ᠠᠷ ᠲᠠᠲᠠᠳᠠᠭ ᠪᠠᠢᠬᠤ ᠳ᠋ᠤ᠌ ᠢᠷᠡᠭᠰᠡᠨ ᠬᠥᠮᠦᠨ ᠤᠴᠢᠷ ᠲᠠᠢ᠂ ᠢᠨᠢᠶᠡᠭᠰᠡᠨ ᠬᠥᠮᠦᠨ ᠭᠡᠮ ᠲᠡᠢ ᠭᠡᠳᠡᠭ ᠢ᠋ ᠭᠣᠣ ᠰᠸᠯᠢᠩ ᠦ᠋ᠨ ᠲᠠᠲᠠᠪᠤᠷᠢ ᠡᠮ᠎ᠡ ᠪᠣᠳᠣᠯ ᠳ᠋ᠠᠭᠠᠨ ᠠᠪᠤᠭᠰᠠᠨ ᠦᠭᠡᠢ ᠪᠢᠰᠢ᠃  ᠬᠠᠷᠢᠨ《ᠭᠡᠷ ᠲᠡᠭᠡᠨ ᠢᠷᠡᠭᠰᠡᠨ ᠭᠡᠢᠴᠢᠨ ᠦ᠌ ᠪᠡᠨ ᠭᠡᠳᠡᠰᠦ ᠶ᠋ᠢ ᠬᠠᠭᠠᠯᠵᠤ᠂ ᠡᠢᠮᠦ ᠠᠷᠪᠢᠨ ᠦᠨᠡᠲᠦ ᠨᠠᠨᠳᠢᠨ ᠪᠡᠯᠡᠭ ᠰᠡᠯᠲᠡ ᠲᠡᠢ ᠲᠠ ᠨᠠᠷ ᠶᠡᠷᠦ ᠨᠢ ᠶᠠᠮᠠᠷ ᠰᠠᠨᠠᠭ᠎ᠠ ᠲᠠᠢ ᠢᠷᠡᠪᠡ?》 ᠭᠡᠵᠦ ᠶᠠᠭᠠᠬᠢᠵᠤ ᠠᠰᠠᠭᠤᠵᠤ ᠪᠣᠯᠬᠤ ᠪᠢᠯᠡ⁈ ᠭᠠᠭᠴᠠ ᠳᠠᠢᠯᠠᠯᠭ᠎ᠠ ᠶ᠋ᠢᠨ ᠵᠤᠭ᠎ᠠ ᠳᠤᠮᠳᠠ ᠠ᠋ᠴᠠ ᠠᠶᠠᠨᠳᠠᠭᠠᠨ ᠮᠡᠳᠡᠬᠦ ᠶ᠋ᠢ ᠣᠷᠣᠯᠳᠣᠨ᠎ᠠ᠃  
       ᠮᠠᠨᠤᠨᠪᠠᠳᠮ᠎ᠠ ᠳ᠋ᠤ᠌ ᠠᠪᠴᠤ ᠬᠡᠯᠡᠪᠡᠯ ᠮᠣᠩᠭᠣᠯ ᠨᠤᠲᠤᠭ ᠤ᠋ᠨ ᠶᠡᠬᠡ ᠳᠠᠢᠯᠠᠯᠭ᠎ᠠ᠂ ᠲᠠᠬᠢᠯᠭ᠎ᠠ᠂ ᠬᠤᠷᠢᠮ ᠨᠠᠢᠷ ᠲᠤ ᠰᠠᠭᠤᠭ᠎ᠠ ᠦᠭᠡᠢ ᠴᠦ᠍ ᠦᠵᠡᠵᠦ ᠰᠣᠨᠣᠰᠤᠭᠰᠠᠨ ᠨᠢ ᠵᠥᠩᠳᠡᠭᠡᠨ᠃ ᠭᠡᠪᠡᠴᠦ ᠥᠨᠥᠳᠥᠷ ᠦ᠋ᠨ ᠰᠢᠭ ᠡᠢᠮᠦ ᠢᠳᠡᠭᠡᠨ ᠤᠮᠳᠠᠭᠠᠨ ᠤ᠋ ᠰᠢᠷᠡᠭᠡᠨ ᠳ᠋ᠦ᠍ ᠴᠡᠴᠡᠭ ᠨᠠᠪᠴᠢ ᠭᠡᠮᠡᠷ ᠠᠯᠠᠭ ᠡᠷᠢᠶᠡᠨ ᠶᠠᠩᠵᠤ ᠶ᠋ᠢᠨ ᠪᠣᠯᠭᠠᠨ ᠤ᠋ ᠬᠠᠭᠤᠷᠤᠯᠭ᠎ᠠ ᠬᠠᠭᠠᠷᠢᠯᠭ᠎ᠠ ᠲᠠᠬᠢᠯᠭ᠎ᠠ ᠶ᠋ᠢᠨ ᠡᠷᠭᠦᠴᠡ ᠮᠡᠲᠦ ᠳᠠᠪᠬᠤᠷ ᠳᠠᠪᠬᠤᠷ ᠦᠷᠦᠭᠳᠡᠭᠰᠡᠨ ᠬᠢᠲᠠᠳ ᠳᠠᠢᠯᠠᠯᠭ᠎ᠠ ᠳ᠋ᠤ᠌ ᠪᠣᠯ ᠬᠠᠷᠢᠨ ᠠᠩᠬ᠎ᠠ ᠤᠳᠠᠭ᠎ᠠ ᠨᠣᠶᠠᠨ ᠤ᠋《ᠬᠠᠲᠤᠨ》 ᠤ᠋ ᠪᠤᠶᠠᠨ ᠢ᠋ᠶ᠋ᠠᠷ ᠦᠵᠡᠵᠦ᠂ ᠬᠦᠷᠲᠡᠵᠦ ᠪᠠᠢᠭ᠎ᠠ ᠨᠢ ᠡᠨᠡ᠃ ᠲᠡᠷᠡ ᠡᠨᠡ ᠪᠦᠬᠦᠨ ᠡᠴᠡ ᠰᠠᠪᠬᠠᠯᠠᠨ ᠠᠮᠰᠠᠵᠤ ᠲᠠᠮᠰᠢᠶᠠᠯᠠᠶ᠎ᠠ ᠭᠡᠳᠡᠭ ᠪᠣᠳᠣᠯ ᠶᠠᠭ ᠣᠷᠣᠵᠤ ᠢᠷᠡᠬᠦ ᠦᠭᠡᠢ᠃ ᠶᠠᠭᠠᠬᠢᠵᠤ ᠪᠠᠢᠵᠤ ᠡᠨᠡ ᠬᠦ᠌ ᠢᠨᠢᠶᠡᠳᠦ ᠬᠠᠨᠢᠶᠠᠳᠤ ᠪᠠᠷ ᠳᠡᠪᠢᠰᠦᠭᠳᠡᠭᠰᠡᠨ ᠳᠡᠭᠲᠡᠷ ᠳᠡᠭᠲᠡᠷ ᠱᠠᠲᠤ ᠶ᠋ᠢ ᠳᠠᠪᠠᠵᠤ ᠲᠤᠭᠤᠯᠤᠨ ᠰᠡᠵᠢᠭ ᠠᠵᠢᠭ ᠦᠭᠡᠢ ᠪᠡᠷ ᠭᠣᠣ ᠰᠸᠯᠢᠩ ᠳ᠋ᠦ᠍ ᠲᠠᠭᠠᠯᠠᠭᠳᠠᠵᠤ ᠱᠣᠷᠣᠩ ᠳ᠋ᠠᠬᠢ ᠮᠢᠩᠭᠠᠨᠪᠤᠤ ᠪᠠᠨ ᠮᠡᠨᠳᠦ ᠭᠠᠷᠭᠠᠵᠤ ᠠᠪᠤᠶ᠎ᠠ ᠯᠠ ᠭᠡᠳᠡᠭ ᠭᠠᠭᠴᠠ ᠪᠣᠳᠣᠯ ᠳ᠋ᠤ᠌ ᠡᠵᠡᠮᠳᠡᠭᠳᠡᠵᠦ ᠪᠠᠢᠯ᠎ᠠ᠃ ᠳᠠᠢᠯᠠᠯᠭ᠎ᠠ ᠳ᠋ᠤ᠌ ᠪᠠᠷ᠎ᠠ ᠪᠣᠯᠣᠭᠰᠠᠳ ᠬᠣᠶᠠᠷ ᠬᠠᠲᠤᠭᠲᠠᠢ ᠶ᠋ᠢᠨ ᠴᠢᠷᠠᠢ ᠶ᠋ᠢᠨ ᠥᠩᠭᠡ ᠪᠡᠷ ᠳᠠᠭᠠᠯᠳᠤᠨ ᠪᠡᠶᠡᠰᠴᠦ ᠳᠦᠯᠡᠢ ᠨᠣᠬᠠᠢ ᠲᠦᠢᠪᠡᠭᠡᠨ ᠳ᠋ᠦ᠍ ᠭᠡᠳᠡᠭᠴᠢᠯᠡᠨ ᠳᠡᠮᠡᠢ ᠯᠡ ᠢᠨᠢᠶᠡᠵᠦ ᠬᠠᠨᠢᠶᠠᠨ᠎ᠠ᠃ 
       — ᠵᠠ᠂ ᠵᠠ! ᠢᠳᠡ᠂ ᠤᠤᠭᠤ! ᠡᠨᠡ ᠡᠴᠡ ᠨᠢ ᠲᠡᠷᠡ ᠡᠴᠡ ᠨᠢ ᠰᠠᠪᠬᠠᠯᠠ᠂ ᠪᠢᠲᠡᠭᠡᠢ ᠵᠡᠨᠵᠡᠢᠯᠡ! ᠭᠡᠵᠦ ᠭᠣᠣ ᠰᠸᠯᠢᠩ ᠦ᠋ᠨ ᠲᠠᠲᠠᠪᠤᠷᠢ ᠡᠮ᠎ᠡ ᠪᠠᠢᠨ ᠪᠠᠢᠨ ᠬᠠᠭᠤᠷᠤᠯᠭ᠎ᠠ ᠬᠠᠭᠠᠷᠢᠯᠭ᠎ᠠ ᠠ᠋ᠴᠠ ᠰᠠᠪᠬᠠᠯᠠᠵᠤ ᠮᠠᠨᠤᠨᠪᠠᠳᠮ᠎ᠠ ᠶ᠋ᠢᠨ ᠲᠠᠭᠱᠠᠨ ᠳ᠋ᠤ᠌ ᠨᠡᠮᠡᠷᠢᠯᠡᠨ᠎ᠡ᠃ 
       — ᠵᠠ ᠪᠣᠯᠤᠭᠰᠠᠨ᠂ ᠪᠢ ᠥᠪᠡᠷ ᠢ᠋ᠶ᠋ᠡᠨ᠁ ᠭᠡᠵᠦ ᠮᠠᠨᠤᠨᠪᠠᠳᠮ᠎ᠠ ᠰᠠᠨᠳᠤᠷᠪᠠ᠃  
       — ᠭᠡᠳᠡᠰᠦ ᠴᠠᠳᠬᠤᠯᠠᠩ ᠪᠣᠯ ᠭᠡᠷ ᠢ᠋ᠶ᠋ᠡᠨ ᠰᠠᠨᠠᠬᠤ ᠦᠭᠡᠢ ᠶᠦᠮ! ᠰᠠᠶᠢᠬᠠᠨ ᠭᠡᠷ ᠡᠴᠡ ᠪᠡᠨ ᠭᠠᠷᠴᠤ ᠶᠠᠪᠤᠭᠠᠳ ᠬᠡᠳᠦ ᠬᠣᠨᠣᠭᠠᠳᠤᠢ ᠪᠠᠷ ᠬᠦᠩ ᠨᠣᠶᠠᠨ ᠤ᠋ ᠬᠠᠯᠠᠭᠤᠨ ᠡᠪᠦᠷ ᠢ᠋ ᠰᠠᠨᠠᠴᠢᠬᠠᠪᠠ ᠤᠤ? ᠠ! ᠭᠡᠳ ᠭᠣᠣ ᠰᠸᠯᠢᠩ ᠦ᠋ᠨ ᠲᠠᠲᠠᠪᠤᠷᠢ ᠡᠮ᠎ᠡ ᠤᠷᠲᠤ ᠨᠠᠷᠢᠬᠠᠨ ᠱᠤᠯᠤᠮ ᠤ᠋ᠨ ᠤᠯᠠᠭᠠᠨ ᠬᠢᠮᠤᠰᠤ ᠲᠠᠢ ᠭᠠᠷ ᠢ᠋ᠶ᠋ᠠᠷ ᠢ᠋ᠶ᠋ᠠᠨ ᠠᠮᠠ ᠪᠠᠨ ᠲᠠᠭᠯᠠᠨ ᠢᠴᠢᠩᠭᠦᠷᠡᠬᠦ ᠪᠠᠢᠳᠠᠯ ᠲᠠᠢ ᠢᠨᠢᠶᠡᠨ᠎ᠡ᠃ 
       一 ᠶᠠᠭᠤ ᠭᠡᠵᠢ? ᠲᠠ ᠬᠠᠷᠢᠨ ᠭᠣᠣ ᠰᠧᠯᠢᠩ ᠦ᠋ᠨ ᠡᠵᠡᠭᠦᠢ ᠳ᠋ᠦ᠍᠁ ᠦᠭᠡᠢ ᠠ᠋᠂ ᠦᠨᠡᠬᠡᠷ ᠮᠠᠨᠤᠨᠪᠠᠳᠮ᠎ᠠ ᠳᠣᠷᠢᠭᠤᠨ ᠰᠡᠳᠦᠪ ᠡᠯᠭᠦᠵᠦ ᠠᠰᠠᠭᠤᠪᠠ᠃  
       一 ᠠ᠂ ᠲᠡᠷᠡ ᠊ᠦᠦ? ᠰᠠᠭᠠᠯᠢᠴᠢᠨ ᠤ᠋ ᠨᠢᠭᠡ ᠬᠤᠷᠢᠮ ᠤ᠋ᠨ ᠳᠠᠢᠯᠠᠯᠭ᠎ᠠ ᠳ᠋ᠤ᠌ ᠵᠠᠯᠠᠷᠠᠭᠰᠠᠨ! ᠮᠠᠷᠭᠠᠲᠤᠷ ᠬᠠᠷᠢᠵᠤ ᠢᠷᠡᠬᠦ ᠪᠠᠢᠬ᠎ᠠ! ᠬᠠᠲᠤᠭᠲᠠᠢ ᠲᠠ ᠡᠪᠦᠭᠡᠨ ᠢ᠋ ᠮᠢᠨᠢ᠁ ᠭᠡᠵᠦ ᠥᠨᠥᠬᠢ ᠲᠠᠲᠠᠪᠤᠷᠢ ᠡᠮ᠎ᠡ ᠮᠠᠨᠤᠨᠪᠠᠳᠮ᠎ᠠ ᠲᠠᠢ ᠰᠠᠶᠢᠬᠠᠨ ᠲᠠᠨᠢᠯᠴᠠᠭᠰᠠᠨ ᠠᠪᠠᠴᠤ ᠬᠠᠭᠤᠴᠢᠨ ᠲᠠᠨᠢᠯ ᠰᠢᠭ᠋ ᠡᠷᠡᠭᠡ ᠵᠢᠷᠣᠭ᠎ᠠ ᠦᠭᠡᠢ ᠨᠠᠭᠠᠳᠤᠮ ᠱᠤᠤᠳᠠᠮ ᠬᠢᠬᠦ ᠳ᠋ᠦ᠍ ᠮᠠᠨᠤᠨᠪᠠᠳᠮ᠎ᠠ ᠶ᠋ᠢᠨ ᠳᠣᠲᠣᠷ᠎ᠠ ᠠᠶᠠᠲᠠᠢᠬᠠᠨ ᠰᠠᠨᠠᠭᠳᠠᠬᠤ ᠶ᠋ᠢ ᠶᠠᠭᠠᠬᠢᠨ᠎ᠠ⁈ 
       ᠮᠠᠨᠤᠨᠪᠠᠳᠮ᠎ᠠ ᠡᠨᠡ ᠬᠦ᠌ ᠶᠡᠬᠡ ᠶᠠᠭᠤᠮ᠎ᠠ ᠦᠵᠡᠵᠦ ᠡᠯᠡᠭᠡᠭᠰᠡᠨ ᠱᠣᠢᠱᠣᠭ ᠡᠮ᠎ᠡ ᠶ᠋ᠢᠨ ᠡᠷᠡᠭᠡ ᠴᠡᠭᠡᠷ ᠦᠭᠡᠢ ᠰᠢᠯᠤᠭᠤᠮᠰᠤᠭ ᠵᠠᠩ ᠳ᠋ᠤ᠌ ᠲᠦᠳᠡᠬᠡᠨ ᠳᠠᠳᠴᠤ ᠠᠶᠠᠨᠳᠠᠭᠠᠨ ᠲᠡᠭᠦᠨ ᠢ᠋ ᠪᠢᠰᠢᠷᠡᠬᠦ ᠠᠪᠠᠴᠤ ᠬᠡᠦᠬᠡᠨ ᠪᠤᠯᠪᠠᠷᠠᠢ ᠴᠢᠷᠠᠢ ᠨᠢ ᠨᠢᠯᠴᠢᠭᠢᠨᠡᠭᠡᠳ ᠲᠣᠭᠣᠷ ᠤ᠋ᠨ ᠶᠠᠭᠠᠨ ᠥᠩᠭᠡ ᠲᠣᠭᠲᠠᠪᠠ᠃ ᠮᠠᠨᠤᠨᠪᠠᠳᠮ᠎ᠠ ᠰᠠᠨᠳᠤᠷᠴᠤ᠄ 
       一 ᠡᠷᠭᠢᠨ ᠬᠠᠲᠤᠭᠲᠠᠢ ᠲᠠᠢ ᠨᠢᠭᠡ ᠭᠡᠮ ᠲᠣᠭᠲᠠᠭᠠᠴᠢᠬᠠᠬᠤ ᠊ᠤᠤ ᠳᠠ? ᠲᠠᠨ ᠤ᠋ ᠬᠡᠯᠡᠳᠡᠭ ᠢ᠋ᠶ᠋ᠡᠷ ᠭᠣᠣ ᠰᠧᠯᠢᠩ ᠢ᠋ ᠲᠠᠨᠢ ᠦᠨᠡᠬᠡᠷ ᠬᠡᠴᠡᠭᠦᠦ ᠰᠠᠨᠠᠵᠤ ᠪᠠᠢᠨ᠎ᠠ ᠰᠢᠦ! ᠭᠡᠳ ᠮᠠᠨᠤᠨᠪᠠᠳᠮ᠎ᠠ ᠬᠤᠨᠳᠠᠭ᠎ᠠ ᠪᠠᠨ ᠨᠥᠭᠦᠭᠡ ᠲᠠᠲᠠᠪᠤᠷᠢ ᠡᠮ᠎ᠡ ᠶ᠋ᠢᠨ ᠬᠤᠨᠳᠠᠭᠠᠨ ᠤ᠋ ᠢᠷᠮᠡᠭ ᠲᠡᠢ ᠵᠡᠷᠭᠡᠴᠡᠭᠦᠯᠵᠦ ᠠᠪᠤᠭᠠᠳ ᠬᠥᠨᠲᠥᠷᠪᠡ᠃  
       一 ᠠ᠂ ᠲᠡᠭᠡᠪᠡᠯ ᠭᠣᠣ ᠰᠧᠯᠢᠩ ᠮᠠᠷᠭᠠᠲᠤᠷ ᠬᠠᠷᠢᠵᠤ ᠢᠷᠡᠭᠰᠡᠭᠡᠷ ᠲᠡᠭᠦᠨ ᠢ᠋ ᠴᠢᠮ᠎ᠠ ᠳ᠋ᠤ᠌ ᠪᠡᠯᠡᠭᠯᠡᠴᠢᠬᠡᠶ᠎ᠡ! ᠠᠪᠤᠨ᠎ᠠ ᠊ᠤᠤ? ᠭᠡᠳ ᠬᠢ ᠬᠢ ᠬᠢᠳ ᠬᠢᠳ ᠬᠢᠨ ᠭᠤᠯᠠᠰᠤᠨ ᠢᠨᠢᠶᠡᠨ᠎ᠡ᠃ 
       ᠮᠠᠨᠤᠨᠪᠠᠳᠮ᠎ᠠ ᠶ᠋ᠢᠨ ᠴᠢᠷᠠᠢ ᠳ᠋ᠤ᠌ ᠨᠢᠯ ᠬᠢᠭᠰᠡᠨ ᠭᠠᠯ ᠰᠢᠳᠡᠵᠦ ᠠᠪᠤᠭᠠᠳ ᠳᠣᠣᠷ᠎ᠠ ᠪᠠᠨ ᠠᠷᠢᠯᠪᠠ᠃ 
       一 ᠡᠷᠭᠢᠨ ᠬᠠᠲᠤᠭᠲᠠᠢ ᠠ᠋! ᠨᠠᠭᠠᠳᠤᠮ ᠴᠤ᠌ ᠨᠠᠭᠠᠳᠤᠮ ᠰᠢᠦ! ᠦᠨᠡᠬᠡᠷ ᠭᠣᠣ ᠰᠧᠯᠢᠩ ᠮᠠᠷᠭᠠᠲᠤᠷ ᠬᠠᠷᠢᠵᠤ ᠢᠷᠡᠪᠡᠯ ᠭᠣᠣ ᠰᠧᠯᠢᠩ ᠪᠣᠯᠤᠨ ᠬᠠᠲᠤᠭᠲᠠᠢ ᠶ᠋ᠢᠨ ᠨᠡᠷ᠎ᠡ ᠲᠥᠷᠥ ᠳ᠋ᠦ᠍ ᠨᠥᠮᠥᠷᠢᠳᠡᠵᠦ ᠬᠢᠲᠠᠳ ᠤ᠋ᠨ ᠨᠡᠷᠡᠲᠡᠢ ᠰᠠᠢᠨ ᠡᠮᠴᠢ ᠬᠠᠢᠵᠤ ᠡᠪᠡᠳᠴᠢᠨ ᠬᠠᠭᠤᠴᠢᠨ ᠢ᠋ᠶ᠋ᠠᠨ ᠦᠵᠡᠭᠦᠯᠦᠶ᠎ᠡ ᠯᠡ ᠭᠡᠰᠡᠨ! ᠣᠷᠴᠢᠮ ᠨᠣᠢᠷ ᠬᠤᠯᠵᠢᠭᠠᠳ ᠳᠣᠣᠷ᠎ᠠ ᠪᠡᠶ᠎ᠡ ᠳᠠᠭᠠᠷᠠᠳᠠᠰᠤ ᠬᠦᠷᠬᠦ ᠰᠢᠭ᠂ ᠬᠥᠯ ᠡᠴᠡ ᠵᠢᠩᠭᠢᠨᠡᠭᠡᠳ ᠪᠠᠢᠬᠤ ᠶᠤᠮ! ᠭᠡᠪᠡ᠃ 
       一 ᠪᠣᠯᠤᠯ ᠦᠭᠡᠢ ᠶᠠᠭᠠᠬᠢᠬᠤ ᠪᠣᠢ! ᠲᠡᠷᠡ ᠶᠠᠮᠠᠷ ᠬᠠᠮᠢᠶ᠎ᠠ ᠪᠠᠢᠨ᠎ᠠ! ᠡᠨᠳᠡ ᠰᠤᠳᠠᠯ ᠳ᠋ᠠᠭᠠᠨ ᠮᠠᠰᠢ ᠮᠡᠷᠭᠡᠨ᠂ ᠮᠥᠩᠭᠥᠨ ᠵᠡᠭᠦᠦ ᠰᠠᠢᠨ ᠲᠥᠭᠡᠨᠡᠳᠡᠭ ᠵᠠᠩ ᠣᠪᠣᠭ ᠲᠠᠢ ᠡᠪᠦᠭᠡᠨ ᠡᠮᠴᠢ ᠪᠣᠢ ᠰᠢᠦ!  
       一 ᠵᠠ ᠲᠡᠭᠡᠪᠡᠯ ᠰᠠᠢᠨ ᠪᠣᠯᠤᠯ᠎ᠠ᠃ 
       一 ᠮᠠᠷᠭᠠᠲᠤᠷ ᠭᠣᠣ ᠰᠧᠯᠢᠩ ᠬᠠᠷᠢᠵᠤ ᠢᠷᠡᠪᠡᠯ ᠳᠠᠬᠢᠵᠤ ᠬᠡᠯᠡᠯᠴᠡᠶ᠎ᠡ! ᠭᠡᠵᠦ ᠲᠠᠲᠠᠪᠤᠷᠢ ᠡᠮ᠎ᠡ ᠶ᠋ᠢᠨ ᠰᠡᠳᠬᠢᠯ ᠲᠣᠭᠲᠠᠵᠤ ᠲᠠᠢᠪᠤᠰᠢᠷᠠᠨ᠎ᠠ᠃  
       ᠲᠡᠷᠡ ᠣᠷᠣᠢ ᠶ᠋ᠢᠨ ᠳᠠᠢᠯᠠᠯᠭ᠎ᠠ ᠢᠨᠢᠶᠡᠳᠦ ᠲᠡᠢ ᠬᠠᠨᠢᠶᠠᠳᠤ ᠲᠠᠢ ᠬᠥᠷ ᠬᠥᠭᠵᠢᠶᠡᠨᠲᠡᠢ ᠪᠣᠯᠵᠤ ᠥᠨᠳᠥᠷᠯᠡᠪᠡ᠃  
       ᠮᠠᠷᠭᠠᠲᠤᠷ ᠬᠠᠷᠢᠵᠤ ᠢᠷᠡᠨ᠎ᠡ ᠭᠡᠰᠡᠨ ᠭᠣᠣ ᠰᠧᠯᠢᠩ ᠬᠡᠳᠦᠨ ᠮᠠᠷᠭᠠᠲᠤᠷ ᠪᠣᠯᠤᠭᠰᠠᠨ ᠴᠤ᠌ ᠢᠷᠡᠭᠡ ᠦᠭᠡᠢ᠃ ᠡᠨᠡ ᠨᠢ ᠮᠠᠨᠤᠪᠠᠳᠮ᠎ᠠ ᠶ᠋ᠢᠨ ᠰᠡᠳᠬᠢᠯ ᠢ᠋ ᠳᠡᠩᠰᠡᠯᠭᠡᠬᠦ ᠪᠣᠯᠪᠠᠴᠤ ᠲᠠᠲᠠᠪᠤᠷᠢ ᠡᠮ᠎ᠡ ᠲᠡᠢ ᠨᠢ ᠣᠢᠷᠠᠳᠴᠤ ᠳᠠᠳᠬᠤ ᠳ᠋ᠤ᠌ ᠵᠣᠯᠲᠠᠢ ᠵᠠᠪᠰᠢᠶᠠᠨ ᠪᠣᠯᠵᠤ ᠪᠠᠢᠪᠠ᠃ 
       ᠡᠢᠨ ᠬᠦ᠌ ᠮᠠᠨᠤᠨᠪᠠᠳᠮ᠎ᠠ ᠭᠣᠣ ᠰᠧᠯᠢᠩ ᠡᠵᠡᠭᠦᠢ ᠳ᠋ᠦ᠍ ᠲᠡᠭᠦᠨ ᠦ᠌ ᠲᠠᠲᠠᠪᠤᠷᠢ ᠡᠮ᠎ᠡ ᠲᠡᠢ ᠡᠪᠲᠡᠢ ᠲᠠᠨᠢᠯᠴᠠᠨ᠂ ᠰᠠᠢᠬᠠᠨ ᠳᠠᠰᠤᠯᠴᠠᠭᠰᠠᠨ ᠢ᠋ ᠬᠡᠯᠡᠬᠦ ᠶᠠᠭᠤᠨ⁈ ᠡᠪᠡᠳᠴᠢᠨ ᠦᠵᠡᠭᠦᠯᠬᠦ ᠨᠡᠷ᠎ᠡ ᠪᠡᠷ ᠡᠳᠡᠨ ᠦ᠌ ᠳ᠋ᠦ᠍ ᠰᠠᠭᠤᠵᠤ᠂ ᠴᠡᠩᠭᠡᠵᠦ ᠨᠠᠭᠠᠳᠤᠨ᠂ ᠵᠠᠷᠢᠮ ᠣᠷᠣᠢ ᠳ᠋ᠠᠭᠠᠨ ᠰᠢ ᠳᠠᠭᠤᠯᠠᠬᠤ ᠶ᠋ᠢ ᠰᠣᠨᠢᠷᠬᠠᠨ ᠮᠠᠰᠢᠳᠠ ᠵᠤᠭᠠᠲᠠᠢ ᠪᠠᠷ ᠡᠳᠦᠷ ᠢ᠋ ᠡᠯᠡᠭᠡᠵᠦ ᠰᠠᠭᠤᠨ᠎ᠠ᠃ 
       ᠳᠠᠬᠢᠭᠠᠳ ᠳᠡᠮᠡᠢ ᠬᠡᠳᠦ ᠬᠣᠨᠣᠭᠰᠠᠨ ᠦᠭᠡᠢ ᠡᠳᠡ ᠬᠣᠶᠠᠭᠤᠯᠠ《ᠵᠢᠷᠤᠮ ᠤ᠋ᠨ ᠡᠭᠡᠴᠢ ᠳᠡᠭᠦᠦ》 ᠪᠣᠯᠵᠤ ᠲᠩᠷᠢ ᠳ᠋ᠦ᠍ ᠮᠥᠷᠭᠥᠨ ᠬᠢᠲᠠᠳ ᠤ᠋ᠨ ᠵᠠᠩ ᠢ᠋ᠶ᠋ᠠᠷ ᠲᠠᠬᠢᠶᠠᠨ ᠴᠢᠰᠤ ᠳᠤᠰᠤᠯᠠᠭᠤᠯᠤᠭᠰᠠᠨ ᠠᠷᠢᠬᠢ ᠤᠤᠭᠤᠵᠤ᠂《ᠦᠬᠦᠨ ᠦᠬᠦᠲᠡᠯ᠎ᠡ ᠪᠡᠨ ᠨᠢᠭᠡ ᠨᠢᠭᠡᠨ ᠳ᠋ᠡᠭᠡᠨ ᠲᠤᠰᠠ ᠳᠠᠮ ᠪᠣᠯᠵᠤ ᠶᠠᠪᠤᠵᠠᠭᠠᠶ᠎ᠠ》 ᠭᠡᠵᠦ ᠲᠥᠷᠥᠭᠰᠡᠨ ᠡᠭᠡᠴᠢ ᠳᠡᠭᠦᠦ ᠶ᠋ᠢᠨ ᠬᠠᠢᠷ᠎ᠠ ᠠ᠋ᠴᠠ ᠳᠠᠪᠠᠭᠰᠠᠨ ᠵᠤᠵᠠᠭᠠᠨ ᠨᠠᠢᠷ ᠢ᠋ ᠪᠠᠲᠤᠳᠬᠠᠨ ᠲᠠᠩᠭᠠᠷᠢᠭᠯᠠᠪᠠ᠃ ᠭᠣᠣ ᠰᠧᠯᠢᠩ ᠦ᠋ᠨ ᠲᠠᠲᠠᠪᠤᠷᠢ ᠡᠮ᠎ᠡ ᠨᠠᠰᠤ ᠪᠠᠷ ᠡᠭᠡᠴᠢ ᠪᠣᠯᠬᠤᠢ ᠵᠢᠷᠤᠮ ᠤ᠋ᠨ ᠡᠭᠡᠴᠢ ᠪᠣᠯᠵᠤ᠂ ᠮᠠᠨᠤᠨᠪᠠᠳᠮ᠎ᠠ ᠳᠡᠭᠦᠦ ᠨᠢ ᠪᠣᠯᠵᠠᠢ᠃ ᠭᠣᠣ ᠰᠧᠯᠢᠩ ᠬᠠᠷᠢᠵᠤ ᠢᠷᠡᠭᠰᠡᠨ ᠪᠣᠯᠪᠠᠴᠤ ᠡᠮᠡᠰ ᠦ᠋ᠨ ᠬᠣᠭᠣᠷᠣᠨᠳᠣᠬᠢ ᠨᠠᠢᠵᠠ ᠨᠠᠢᠷ ᠤ᠋ᠨ ᠤᠴᠢᠷ ᠲᠤ᠌ ᠳᠡᠮᠡᠢ ᠨᠣᠵᠣᠭᠣᠷᠠᠭᠰᠠᠨ ᠦᠭᠡᠢ᠃ ᠮᠠᠨᠤᠨᠪᠠᠳᠮ᠎ᠠ ᠴᠤ᠌ ᠡᠬᠢᠯᠡᠩᠭᠦᠲᠡ ᠤᠴᠢᠷ ᠨᠠᠴᠢᠷ ᠦᠭᠡᠢ《ᠭᠣᠣ ᠰᠧᠯᠢᠩ᠂ ᠭᠣᠣ ᠰᠧᠯᠢᠩ》 ᠭᠡᠵᠦ ᠨᠠᠭᠠᠯᠳᠤᠭ᠎ᠠ ᠦᠭᠡᠢ᠃ ᠲᠠᠲᠠᠪᠤᠷᠢ ᠡᠮ᠎ᠡ ᠲᠡᠢ ᠨᠢ ᠵᠢᠷᠤᠮ ᠤ᠋ᠨ ᠡᠭᠡᠴᠢ ᠳᠡᠭᠦᠦ ᠪᠠᠷᠢᠯᠳᠤᠭᠰᠠᠨ ᠠ᠋ᠴᠠ《ᠬᠦᠷᠭᠡᠨ ᠠᠬ᠎ᠠ》 ᠭᠡᠵᠦ ᠬᠦᠨᠳᠦᠯᠡᠵᠦ ᠳᠠᠭᠤᠳᠠᠨ ᠵᠠᠢᠰᠬᠠᠨ ᠯᠠ ᠪᠠᠢᠪᠠ᠃ 
       ᠬᠣᠶᠠᠷ ᠳᠣᠯᠣᠭ᠎ᠠ ᠬᠣᠨᠣᠭ ᠥᠩᠭᠡᠷᠡᠭᠡᠳ ᠬᠢᠲᠠᠳ ᠡᠮ ᠳᠠᠩ ᠤᠤᠭᠤᠵᠤ ᠨᠢᠭᠡ ᠰᠤᠪᠢᠯᠠᠯᠲᠠ ᠶ᠋ᠢᠨ ᠬᠤᠭᠤᠴᠠᠭ᠎ᠠ ᠶ᠋ᠢ ᠳᠠᠭᠤᠰᠬᠠᠨ ᠮᠠᠨᠤᠨᠪᠠᠳᠮ᠎ᠠ ᠭᠡᠨᠡᠳᠲᠡ ᠨᠢᠭᠡ ᠡᠳᠦᠷ ᠮᠠᠰᠢ ᠵᠣᠪᠠᠭᠤᠷᠢᠲᠠᠢ ᠴᠢᠷᠠᠢᠯᠠᠨ ᠤᠬᠢᠯᠠᠩᠨᠠᠬᠤ ᠶ᠋ᠢ ᠲᠡᠭᠦᠨ ᠦ᠌《ᠵᠢᠷᠤᠮ ᠤ᠋ᠨ ᠡᠭᠡᠴᠢ》 ᠨᠢ ᠦᠵᠡᠭᠡᠳ᠄ 
       一 ᠮᠠᠨᠤᠨ ᠠ᠋! ᠶᠠᠭᠠᠬᠢᠴᠢᠬᠠᠪᠠ? ᠪᠡᠶ᠎ᠡ ᠴᠢᠨᠢ ᠠᠶ᠎ᠠ ᠦᠭᠡᠢ ᠪᠠᠢᠨ᠎ᠠ ᠊ᠤᠤ? ᠬᠠᠮᠢᠭ᠎ᠠ ᠴᠢᠨᠢ ᠡᠪ ᠦᠭᠡᠢ ᠪᠣᠯᠪᠠ? ᠭᠡᠵᠦ ᠰᠠᠨᠳᠤᠷᠴᠤ ᠮᠠᠨᠤᠨᠪᠠᠳᠮ᠎ᠠ ᠶ᠋ᠢᠨ ᠨᠢᠯᠪᠤᠰᠤ ᠶ᠋ᠢ ᠨᠢ ᠠᠷᠴᠢᠵᠤ《ᠶᠠᠮᠠᠷ ᠤᠴᠢᠷ ᠪᠠᠢᠪᠠᠯ ᠡᠭᠡᠴᠢ ᠳ᠋ᠡᠭᠡᠨ ᠬᠡᠯᠡᠨ᠎ᠡ ᠪᠢᠵᠡ ᠳᠡ! ᠤᠬᠢᠯᠠᠭᠠᠳ ᠶᠠᠭᠠᠬᠢᠬᠤ ᠪᠣᠢ?》 ᠭᠡᠵᠦ ᠠᠷᠭᠠᠳᠠᠨ᠎ᠠ᠃ 
       ᠵᠢᠷᠤᠮ ᠤ᠋ᠨ ᠡᠭᠡᠴᠢ ᠨᠢ ᠰᠡᠳᠬᠢᠯ ᠵᠥᠭᠡᠯᠡᠷᠡᠨ ᠲᠡᠭᠦᠨ ᠢ᠋ ᠠᠷᠭᠠᠳᠠᠵᠤ ᠬᠠᠭᠤᠷᠠᠢᠯᠠᠬᠤ ᠳ᠋ᠤ᠌ ᠮᠠᠨᠤᠨᠪᠠᠳᠮ᠎ᠠ ᠤᠯᠠᠮ ᠴᠤ᠌ ᠱᠣᠭᠰᠢᠷᠠᠨ ᠤᠬᠢᠯᠠᠪᠠ᠃  
       一 ᠮᠠᠨᠤᠨ ᠠ᠋! ᠪᠢᠲᠡᠭᠡᠢ ᠤᠬᠢᠯᠠ᠃ ᠵᠣᠷᠢᠭ ᠢ᠋ᠶ᠋ᠠᠨ ᠪᠡᠷᠢ᠂ ᠶᠠᠮᠠᠷ ᠵᠣᠪᠠᠯᠠᠩ ᠪᠠᠢᠭᠰᠠᠨ ᠴᠤ᠌ ᠪᠢᠳᠡ ᠡᠭᠡᠴᠢ ᠳᠡᠭᠦᠦ ᠬᠣᠶᠠᠷ ᠨᠢᠭᠡ ᠨᠢᠭᠡᠨ ᠳ᠋ᠡᠭᠡᠨ ᠲᠤᠰᠠᠯᠠᠯᠴᠠᠨ᠎ᠠ ᠭᠡᠰᠡᠨ ᠪᠢᠰᠢ ᠊ᠦᠦ! ᠬᠡᠯᠡ᠂ ᠬᠡᠯᠡ! ᠡᠭᠡᠴᠢ ᠨᠢ ᠬᠠᠵᠠᠭᠤ ᠳ᠋ᠤ᠌ ᠴᠢᠨᠢ ᠪᠠᠢᠭ᠎ᠠ ᠳ᠋ᠤ᠌ ᠶᠠᠮᠠᠷ ᠴᠤ᠌ ᠤᠴᠢᠷ ᠢ᠋ ᠡᠪᠯᠡᠭᠦᠯᠬᠦ ᠳ᠋ᠦ᠍ ᠪᠡᠯᠡᠨ ᠪᠠᠢᠨ᠎ᠠ᠃  ᠳᠠᠬᠢᠭᠠᠳ ᠬᠡᠯᠡᠪᠡᠯ ᠪᠠᠷᠠᠭᠤᠨ ᠬᠦᠩ ᠳ᠋ᠡᠭᠡᠨ ᠴᠢ ᠲᠩᠷᠢ᠂ ᠪᠤᠭᠤᠲᠤ ᠶ᠋ᠢᠨ ᠬᠡᠪᠴᠢᠶᠡᠨ ᠳ᠋ᠡᠭᠡᠨ ᠪᠢ ᠲᠩᠷᠢ ᠰᠢᠦ ᠭᠡᠪᠡ᠃ 
       ᠮᠠᠨᠤᠨᠪᠠᠳᠮ᠎ᠠ ᠲᠡᠭᠦᠨ ᠦ᠌ ᠰᠡᠳᠬᠢᠯ ᠢ᠋ᠶ᠋ᠡᠨ ᠠᠭᠤᠳᠠᠯᠤᠨ ᠬᠡᠯᠡᠬᠦ ᠶ᠋ᠢ ᠰᠣᠨᠣᠰᠤᠭᠠᠳ ᠵᠢᠷᠤᠮ ᠤ᠋ᠨ ᠡᠭᠡᠴᠢ ᠶ᠋ᠢᠨ ᠢ᠋ᠶ᠋ᠡᠨ ᠬᠦᠵᠦᠭᠦᠦ ᠶ᠋ᠢ ᠲᠡᠪᠡᠷᠢᠵᠦ᠄  
       一 ᠡᠭᠡᠴᠢ ᠠ᠋᠂ ᠲᠠ ᠨᠠᠮᠠᠶ᠋ᠢ ᠬᠡᠨ ᠦ᠌ ᠬᠠᠲᠤᠨ ᠭᠡᠵᠦ ᠰᠠᠨᠠᠪᠠ? ᠭᠡᠰᠡᠨ ᠳ᠋ᠦ᠍ ᠲᠡᠷᠡ ᠱᠣᠢᠱᠣᠭ ᠡᠮ᠎ᠡ ᠭᠠᠢᠬᠠᠵᠤ᠄ 
       一 ᠬᠥᠶᠢ! ᠴᠢ ᠴᠢᠨᠢ ᠪᠠᠷᠠᠭᠤᠨ ᠬᠦᠩ ᠦ᠋ᠨ ᠬᠦᠩ ᠨᠣᠶᠠᠨ ᠤ᠋ ᠬᠠᠲᠤᠨ ᠭᠡᠰᠡᠨ ᠪᠢᠰᠢ ᠶᠦᠮ ᠊ᠤᠤ? 
       一 ᠪᠢᠰᠢ! ᠭᠡᠵᠦ ᠮᠠᠨᠤᠨᠪᠠᠳᠮ᠎ᠠ ᠲᠣᠯᠣᠭᠠᠢ ᠪᠠᠨ ᠰᠠᠵᠢᠪᠠ᠃ 
       — ᠠ⁈ ᠪᠢᠰᠢ ᠭᠡᠨ᠎ᠡ? ᠲᠡᠭᠡᠭᠡᠳ᠁  
      一 ᠡᠭᠡᠴᠢ ᠠ᠋᠂ ᠪᠢ ᠲᠠᠨ ᠢ᠋ ᠡᠢᠮᠦ ᠰᠠᠢᠨ ᠰᠠᠨᠠᠭ᠎ᠠ ᠲᠠᠢ ᠦᠷᠦ ᠵᠥᠭᠡᠯᠡᠨ ᠬᠥᠮᠦᠨ ᠭᠡᠵᠦ ᠪᠣᠳᠣᠭᠰᠠᠨ ᠦᠭᠡᠢ᠃ ᠮᠠᠭᠤ ᠳᠡᠭᠦᠦ ᠴᠢᠨᠢ ᠪᠡᠶ᠎ᠡ ᠪᠡᠨ《ᠬᠦᠩ ᠨᠣᠶᠠᠨ ᠤ᠋ ᠬᠠᠲᠤᠨ》 ᠭᠡᠵᠦ ᠵᠢᠷᠤᠮ ᠤ᠋ᠨ ᠡᠭᠡᠴᠢ ᠲᠠᠨ ᠢ᠋ ᠬᠤᠳᠠᠯ ᠬᠡᠯᠡᠭᠰᠡᠨ ᠳ᠋ᠡᠭᠡᠨ ᠬᠠᠷᠠᠮᠰᠠᠨ ᠵᠣᠪᠠᠨᠢᠵᠤ ᠪᠣᠢ᠃ 
       一 ᠬᠠᠮᠢᠶ᠎ᠠ ᠦᠭᠡᠢ᠃ ᠪᠢᠳᠡ ᠴᠢᠨᠢ ᠣᠳᠣ ᠡᠭᠡᠴᠢ ᠳᠡᠭᠦᠦ ᠬᠣᠶᠠᠷ ᠰᠢᠦ! ᠶᠠᠭᠤᠨ ᠳ᠋ᠤ᠌ ᠨᠣᠶᠠᠨ ᠮᠣᠶᠠᠨ ᠤ᠋ ᠬᠠᠲᠤᠨ ᠭᠡᠬᠦ ᠪᠣᠢ! ᠲᠩᠷᠢ ᠳ᠋ᠦ᠍ ᠮᠥᠷᠭᠥᠭᠰᠡᠨ ᠡᠭᠡᠴᠢ ᠳᠡᠭᠦᠦ ᠶ᠋ᠢᠨ ᠡᠯᠪᠡᠷᠢᠯ ᠵᠢᠷᠤᠮ ᠤ᠋ᠨ ᠦᠨ᠎ᠡ ᠴᠠᠨ᠎ᠠ ᠶᠠᠭᠤᠨ ᠠ᠋ᠴᠠ ᠴᠤ᠌ ᠡᠷᠬᠢᠮ᠃ 
       一 ᠡᠭᠡᠴᠢ ᠠ᠋᠂ ᠪᠢ ᠪᠣᠯ ᠲᠠᠨ ᠤ᠋ ᠭᠣᠣ ᠰᠧᠯᠢᠩ ᠦ᠋ᠨ ᠴᠡᠷᠢᠭ ᠦ᠋ᠨ ᠬᠥᠮᠦᠨ ᠦ᠌ ᠡᠬᠡᠨᠡᠷ ᠮᠥᠨ᠃ 
       一 ᠬᠡᠨ ᠦ᠌? 
        ᠮᠢᠩᠭᠠᠠᠨᠪᠣᠣ ᠶ᠋ᠢᠨ ᠡᠬᠡᠨᠡᠷ! 
        ᠮᠢᠩᠭᠠᠨᠪᠣᠣ ᠠ᠋⁈ ᠲᠡᠷᠡ ᠴᠢᠨᠢ ᠶᠣᠰᠣᠲᠠᠢ ᠠᠭᠤᠴᠢᠯᠠᠰᠢ ᠦᠭᠡᠢ ᠶᠠᠯᠠᠲᠠᠨ ᠰᠢᠦ! ᠳᠡᠭᠦᠦ ᠮᠢᠨᠢ ᠴᠢ ᠶᠠᠭᠠᠬᠢᠬᠤ ᠳ᠋ᠠᠭᠠᠨ᠁ ᠭᠡᠵᠦ ᠪᠠᠴᠢᠮᠳᠠᠨ ᠠᠭᠤᠷᠯᠠᠵᠤ ᠭᠠᠷ ᠨᠢ ᠰᠠᠯᠭᠠᠨᠠᠨ᠎ᠠ᠃ 
       一 ᠦᠭᠡᠢ ᠠ᠋᠂ ᠡᠭᠡᠴᠢ ᠠ᠋! ᠲᠠ ᠮᠢᠨᠦ ᠬᠡᠯᠡᠬᠦ ᠶ᠋ᠢ ᠰᠣᠨᠣᠰ! 
       一 ᠁  
       ᠭᠣᠣ ᠰᠧᠯᠢᠩ ᠦ᠋ᠨ ᠲᠠᠲᠠᠪᠤᠷᠢ ᠡᠮ᠎ᠡ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠪᠠ᠃ 
       一 ᠮᠢᠩᠭᠠᠨᠪᠣᠣ ᠶᠠᠯᠠᠲᠠᠨ ᠪᠢᠰᠢ᠃ ᠬᠢᠯᠢᠰ! ᠬᠠᠮᠢᠶ᠎ᠠ ᠬᠠᠢᠳᠠᠭ ᠦᠭᠡᠢ ᠬᠥᠮᠦᠨ ᠵᠠᠭᠤᠳᠠᠭ《ᠭᠠᠯᠵᠠᠭᠤ ᠨᠣᠬᠠᠢ》 ᠳ᠋ᠤ᠌ ᠬᠠᠵᠠᠭᠳᠠᠭᠰᠠᠨ ᠬᠥᠮᠦᠨ ᠶᠠᠮᠠᠷ ᠪᠠᠢᠳᠠᠭ ᠪᠣᠯ ᠮᠢᠩᠭᠠᠨᠪᠣᠣ ᠶᠠᠭ ᠲᠡᠢᠮᠦ! ᠲᠡᠭᠦᠨ ᠦ᠌ ᠬᠢᠯᠢᠰ ᠬᠡᠷᠡᠭ ᠢ᠋ ᠴᠠᠭᠠᠳᠬᠠᠬᠤ ᠳ᠋ᠤ᠌ ᠴᠣᠷ ᠤ᠋ᠨ ᠭᠠᠭᠴᠠ ᠭᠡᠷᠡᠴᠢᠯᠡᠭᠴᠢ ᠬᠥᠮᠦᠨ ᠪᠣᠯ ᠳᠠᠷᠤᠢ ᠪᠢ ᠮᠥᠨ᠃ ᠪᠢ ᠥᠪᠡᠷ ᠦ᠋ᠨ ᠠᠪᠠᠯᠢ ᠡᠷ᠎ᠡ᠂ ᠬᠢᠯᠢᠰ ᠪᠣᠯᠤᠭᠰᠠᠨ ᠰᠢᠳᠤᠷᠭᠤ ᠬᠥᠮᠦᠨ ᠦ᠌ ᠡᠮᠦᠨ᠎ᠡ ᠡᠴᠡ ᠭᠡᠷᠡᠴᠢ ᠲᠡᠢ ᠪᠢᠴᠢᠭ ᠲᠡᠢ ᠶᠠᠭᠤᠮ᠎ᠠ ᠦᠵᠡᠭᠦᠯᠦᠨ᠎ᠡ᠃ ᠲᠡᠷᠡ ᠦᠶ᠎ᠡ ᠳ᠋ᠦ᠍ ᠲᠠ ᠮᠢᠩᠭᠠᠨᠪᠣᠣ ᠶ᠋ᠢ ᠮᠥᠨ ᠶᠠᠯᠠᠲᠠᠨ ᠭᠡᠵᠦ ᠲᠠᠨᠢᠪᠠᠯ ᠮᠥᠨ ᠲᠡᠢᠮᠦ ᠪᠣᠯᠲᠤᠭᠠᠢ! ᠪᠢ ᠠᠷᠭ᠎ᠠ ᠪᠠᠨ ᠶᠠᠳᠠᠬᠤ ᠳ᠋ᠠᠭᠠᠨ ᠢᠩᠭᠢᠵᠦ ᠬᠢᠪᠡ᠃ ᠡᠭᠡᠴᠢ ᠮᠢᠨᠢ ᠠᠭᠤᠴᠢᠯᠠᠭᠠᠷᠠᠢ!  
       ᠤᠴᠢᠷ ᠶᠠᠪᠤᠳᠠᠯ ᠤ᠋ᠨ ᠤᠭ ᠨᠢ ᠡᠢᠮᠦ ᠪᠠᠢᠵᠠᠢ᠃ ᠬᠠᠯᠬ᠎ᠠ ᠶ᠋ᠢᠨ ᠭᠣᠪᠢ ᠨᠤᠲᠤᠭ ᠤ᠋ᠨ ᠥᠯᠴᠢᠷ ᠲᠡᠮᠡᠭᠡᠳ ᠮᠠᠨ ᠤ᠋ ᠡᠨᠡ ᠬᠠᠯᠠᠭᠤᠨ ᠭᠠᠵᠠᠷ ᠳᠠᠳᠬᠤ ᠦᠭᠡᠢ ᠡᠪᠡᠰᠦ ᠪᠡᠯᠴᠢᠭᠡᠷ ᠥᠭᠡᠷᠡᠯᠬᠡᠵᠦ ᠦᠯᠡᠮᠵᠢᠬᠡᠨ ᠦᠬᠦᠵᠦ ᠬᠠᠳᠠᠵᠠᠢ᠃ ᠦᠬᠦᠭᠰᠡᠨ ᠲᠡᠮᠡᠭᠡᠨ ᠦ᠌ ᠳᠤᠷᠠᠰᠬ᠎ᠠ ᠨᠡᠢᠲᠡ ᠨᠠᠢ᠍ᠮᠠᠨ ᠵᠠᠭᠤ ᠪᠥᠭᠡᠳ ᠳᠥᠷᠪᠡ᠃ ᠲᠡᠷᠡ ᠲᠡᠮᠡᠭᠡᠨ ᠳᠤᠷᠠᠰᠬ᠎ᠠ ᠨᠤᠭᠤᠳ ᠢ᠋ ᠮᠠᠭᠠᠵᠢ ᠶ᠋ᠢᠨ ᠴᠣᠬᠣᠷ ᠤ᠋ᠨ ᠬᠦᠷᠢᠶᠡᠨ ᠳ᠋ᠦ᠍ ᠣᠪᠣᠭᠠᠯᠠᠵᠤ ᠪᠣᠢ᠃ ᠳᠠᠬᠢᠪᠠᠯ᠂ ᠮᠠᠨ ᠤ᠋ ᠨᠤᠲᠤᠭ ᠲᠤ᠌ ᠳᠡᠭᠡᠷᠡᠮ ᠲᠣᠨᠣᠭ᠎ᠠ ᠣᠯᠠᠰᠢᠷᠠᠵᠤ ᠤᠨᠤᠭ᠎ᠠ ᠮᠠᠯ ᠢ᠋ ᠰᠦᠷᠦᠭ ᠢ᠋ᠶ᠋ᠡᠷ ᠨᠢ ᠲᠠᠭᠤᠳᠠᠭ ᠨᠢ ᠰᠣᠨᠢᠨ ᠤᠴᠢᠷ ᠪᠢᠰᠢ ᠪᠣᠯᠤᠭᠰᠠᠨ ᠢ᠋ ᠲᠠ ᠰᠣᠨᠣᠰᠤᠭᠰᠠᠨ ᠪᠠᠢᠯᠭᠦᠢ! ᠮᠢᠩᠭᠠᠨᠪᠣᠣ ᠶ᠋ᠢᠨ ᠲᠡᠮᠡᠭᠡᠳ ᠡᠴᠡ ᠬᠣᠶᠠᠷ ᠤᠳᠠᠭ᠎ᠠ ᠳᠡᠭᠡᠷᠡᠮ ᠬᠤᠯᠠᠭᠠᠢ ᠠᠪᠤᠭᠰᠠᠨ᠁ 
       ᠵᠠᠷᠢᠮ ᠬᠥᠮᠦᠨ ᠬᠤᠪᠢ ᠶ᠋ᠢᠨ ᠥᠰᠢᠶ᠎ᠡ ᠠᠲᠠᠭᠠᠨ ᠳ᠋ᠠᠭᠠᠨ ᠰᠢᠳᠡᠵᠦ ᠭᠣᠣ ᠰᠧᠯᠢᠩ ᠳ᠋ᠦ᠍ ᠭᠠᠷ ᠴᠠᠭᠠᠯᠠᠬᠤ ᠪᠡᠯᠡᠭ ᠬᠦᠷᠭᠡᠨ ᠭᠠᠵᠢ ᠪᠤᠷᠤᠭᠤ ᠵᠠᠷᠭᠤᠯᠳᠤᠭᠰᠠᠨ ᠠ᠋ᠴᠠ ᠮᠢᠩᠭᠠᠨᠪᠣᠣ ᠥᠨᠥᠳᠥᠷ ᠲᠣᠯᠣᠭᠠᠢ ᠤᠨᠠᠬᠤ ᠶᠠᠯ᠎ᠠ ᠡᠭᠦᠷᠦᠯ᠎ᠡ᠁ ᠮᠢᠩᠭᠠᠨᠪᠣᠣ ᠶ᠋ᠢ ᠶᠠᠮᠠᠷ ᠬᠥᠮᠦᠨ ᠭᠡᠰᠡᠨ ᠢ᠋ ᠭᠣᠣ ᠰᠧᠯᠢᠩ ᠶᠠᠮᠠᠷ ᠮᠡᠳᠡᠬᠦ ᠦᠭᠡᠢ ᠴᠦ᠍ ᠪᠢᠰᠢ! ᠬᠡᠴᠢᠨᠡᠭᠡᠨ ᠵᠢᠯ ᠴᠡᠷᠢᠭ ᠦ᠋ᠨ ᠠᠯᠪᠠᠨ ᠳ᠋ᠤ᠌ ᠶᠠᠪᠤᠬᠤ ᠳ᠋ᠠᠭᠠᠨ ᠣᠰᠣᠯ ᠪᠤᠷᠤᠭᠤ ᠭᠠᠷᠭᠠᠭᠰᠠᠨ ᠭᠠᠵᠠᠷ ᠣᠭᠲᠣ ᠦᠭᠡᠢ᠃ ᠥᠨᠥᠳᠥᠷ ᠵᠢᠳᠬᠦᠭᠰᠡᠨ ᠦᠬᠡᠷ ᠦ᠋ᠨ ᠵᠢᠷᠦᠬᠡ ᠤᠷᠤᠭᠤ ᠭᠡᠵᠦ ᠭᠣᠣ ᠰᠧᠯᠢᠩ 一 ᠬᠦᠷᠭᠡᠨ ᠠᠬ᠎ᠠ ᠶ᠋ᠢᠨ ᠬᠢᠲᠤᠭᠠᠨ ᠳ᠋ᠤ᠌ ᠬᠦᠵᠦᠭᠦᠦ ᠲᠣᠯᠣᠭᠠᠢ ᠰᠠᠯᠬᠤ ᠪᠣᠯᠤᠭᠰᠠᠨ ᠢ᠋ ᠪᠣᠳᠣᠬᠤ ᠠ᠋ᠴᠠ ᠪᠠᠨ᠁ ᠭᠡᠵᠦ ᠮᠠᠨᠤᠨᠪᠠᠳᠮ᠎ᠠ ᠶ᠋ᠢᠨ ᠡᠪᠬᠡᠷᠡᠯᠲᠡᠢ ᠤᠬᠢᠯᠠᠨ ᠲᠣᠭᠠᠴᠢᠭᠰᠠᠨ ᠢ᠋ ᠠᠯᠳᠠᠯ ᠦᠭᠡᠢ ᠰᠣᠨᠣᠰᠤᠭᠰᠠᠨ ᠵᠢᠷᠤᠮ ᠤ᠋ᠨ ᠡᠭᠡᠴᠢ ᠨᠢ ᠢᠲᠡᠭᠡᠵᠦ ᠰᠡᠳᠬᠢᠯ ᠨᠢ ᠵᠥᠭᠡᠯᠡᠷᠡᠪᠡ᠃  
       ᠭᠣᠣ ᠰᠧᠯᠢᠩ᠂ ᠲᠠᠲᠠᠪᠤᠷᠢ ᠡᠮ᠎ᠡ ᠶ᠋ᠢᠨ ᠢ᠋ᠶ᠋ᠡᠨ ᠰᠢᠪᠡᠨᠡᠭᠰᠡᠨ ᠦᠭᠡ ᠶ᠋ᠢ ᠰᠣᠨᠣᠰᠴᠤ ᠴᠡᠷᠢᠭ ᠦ᠋ᠨ ᠬᠥᠮᠦᠨ ᠲᠣᠮᠢᠯᠠᠨ ᠮᠢᠩᠭᠠᠨᠪᠣᠣ ᠶ᠋ᠢᠨ ᠨᠤᠲᠤᠭ ᠢ᠋ᠶ᠋ᠠᠷ ᠳᠠᠯᠳᠠᠭᠤᠷ ᠪᠠᠢᠴᠠᠭᠠᠨ ᠮᠠᠭᠠᠵᠢ ᠶ᠋ᠢᠨ ᠴᠣᠬᠣᠷ ᠤ᠋ᠨ ᠬᠦᠷᠢᠶᠡᠨ ᠳ᠋ᠦ᠍ ᠣᠪᠣᠭᠠᠯᠠᠭᠠᠰᠤᠲᠠᠢ ᠲᠡᠮᠡᠭᠡᠨ ᠳᠤᠷᠠᠰᠬ᠎ᠠ ᠶ᠋ᠢ ᠲᠣᠭᠠᠯᠠᠵᠤ ᠦᠵᠡᠬᠦᠯ᠎ᠡ ᠦᠨᠡᠬᠡᠷ ᠨᠠᠢ᠍ᠮᠠᠨ ᠵᠠᠭᠤ ᠳᠥᠷᠪᠡᠨ ᠰᠢᠷᠬᠡᠭ ᠲᠡᠮᠡᠭᠡᠨ ᠦ᠌ ᠠᠷᠠᠰᠤ ᠪᠠᠢᠭᠰᠠᠨ ᠢ᠋ ᠲᠣᠳᠣᠯᠠᠵᠠᠢ᠃ ᠦᠬᠦᠭᠰᠡᠨ ᠲᠡᠮᠡᠭᠡᠨ ᠦ᠌ ᠨᠢᠭᠡ ᠠᠷᠠᠰᠤ ᠶ᠋ᠢ ᠤᠰᠤᠨ ᠳ᠋ᠤ᠌ ᠳᠡᠪᠲᠦᠭᠡᠭᠡᠳ ᠲᠡᠯᠡᠵᠦ ᠰᠤᠩᠭᠠᠨ ᠳᠥᠷᠪᠡᠨ ᠰᠢᠷᠬᠡᠭ ᠪᠣᠯᠭᠠᠨ ᠵᠦᠰᠦᠵᠦ᠂ ᠦᠷᠴᠢᠢᠵᠦ ᠬᠣᠷᠪᠣᠢᠲᠠᠯ᠎ᠠ ᠬᠠᠲᠠᠭᠠᠵᠤ ᠭᠣᠣ ᠰᠧᠯᠢᠩ ᠦ᠋ᠨ ᠨᠢᠳᠦ ᠶ᠋ᠢ ᠬᠠᠭᠤᠷᠤᠭᠰᠠᠨ ᠮᠠᠨᠤᠨᠪᠠᠳᠮ᠎ᠠ ᠶ᠋ᠢᠨ ᠤᠬᠠᠭᠠᠨ ᠢ᠋ ᠮᠠᠯ ᠳ᠋ᠤ᠌ ᠣᠢᠷᠠᠲᠤᠭ᠎ᠠ ᠦᠭᠡᠢ ᠬᠢᠲᠠᠳ ᠤ᠋ᠳ ᠶᠠᠭᠠᠬᠢᠵᠤ ᠮᠡᠳᠡᠬᠦ ᠪᠣᠢ⁈
       ᠭᠠᠮᠢᠩ ᠤ᠋ᠨ ᠭᠣᠣ ᠰᠧᠯᠢᠩ ᠤᠷᠠᠨ ᠬᠣᠩᠰᠢᠶᠠᠷ ᠲᠠᠢ ᠤᠬᠠᠭᠠᠨ ᠤ᠋ ᠤᠭᠤᠲᠠ ᠮᠠᠨᠤᠨᠪᠠᠳᠮ᠎ᠠ ᠶ᠋ᠢᠨ ᠤᠬᠠᠭᠠᠨ ᠳ᠋ᠤ᠌ ᠬᠠᠭᠤᠷᠲᠠᠭᠰᠠᠨ ᠢ᠋ᠶ᠋ᠠᠨ ᠮᠡᠳᠡᠭᠡ ᠦᠭᠡᠢ ᠪᠡᠷ ᠦᠯᠦ ᠪᠠᠷᠠᠨ ᠮᠠᠨᠤᠨᠪᠠᠳᠮ᠎ᠠ ᠶ᠋ᠢᠨ ᠵᠢᠰ ᠴᠢᠷᠠᠢᠯᠠᠭ ᠵᠢᠰᠦ ᠴᠢᠮᠪᠠᠢ ᠤᠬᠠᠭᠠᠨ ᠳ᠋ᠤᠨᠢ ᠪᠠᠢᠨ ᠪᠠᠢᠨ ᠪᠣᠳᠣᠯ ᠲᠥᠭᠡᠷᠢᠳᠡᠭ ᠢ᠋ ᠬᠡᠯᠡᠬᠦ ᠶᠠᠭᠤᠨ⁈ 
       ᠮᠢᠩᠭᠠᠨᠪᠣᠣ᠂ ᠭᠣᠣ ᠰᠧᠯᠢᠩ ᠦ᠋ᠨ ᠶᠡᠬᠡ ᠠᠭᠤᠴᠢᠯᠠᠯ ᠢ᠋ ᠣᠯᠵᠤ ᠦᠬᠦᠬᠦ ᠶᠠᠯ᠎ᠠ ᠠ᠋ᠴᠠ ᠬᠡᠯᠲᠦᠷᠢᠨ ᠱᠣᠷᠣᠩ ᠠ᠋ᠴᠠ ᠰᠤᠯᠠᠯᠠᠭᠳᠠᠪᠠ᠃  
       ᠮᠢᠩᠭᠠᠨᠪᠣᠣ᠂ ᠭᠣᠣ ᠰᠧᠯᠢᠩ ᠦ᠋ᠨ ᠶᠡᠬᠡ ᠠᠴᠢ ᠶ᠋ᠢ ᠤᠮᠠᠷᠲᠠᠬᠤ ᠦᠭᠡᠢ ᠭᠡᠵᠦ ᠪᠠᠢᠩᠭᠤ ᠠᠴᠢᠯᠠᠯᠲᠠᠢ ᠪᠠᠢᠳᠠᠭ ᠤ᠋ᠨ ᠤᠴᠢᠷ ᠲᠤ᠌ ᠬᠣᠶᠠᠭᠤᠯᠠ ᠶ᠋ᠢᠨ ᠡᠶ᠎ᠡ ᠨᠠᠢᠷ ᠤᠯᠠᠮ ᠵᠤᠵᠠᠭᠠᠷᠠᠬᠤ ᠳ᠋ᠤ᠌᠂ ᠮᠠᠨᠤᠨᠪᠠᠳᠮ᠎ᠠ ᠪᠣᠯᠤᠨ ᠭᠣᠣ ᠰᠧᠯᠢᠩ ᠦ᠋ᠨ ᠲᠠᠲᠠᠪᠤᠷᠢ ᠡᠮ᠎ᠡ ᠬᠣᠶᠠᠷ ᠤ᠋ᠨ《ᠵᠢᠷᠤᠮ ᠤ᠋ᠨ ᠡᠭᠡᠴᠢ ᠳᠡᠭᠦᠦ》 ᠶ᠋ᠢᠨ ᠨᠠᠢᠷ ᠵᠢᠷᠤᠮ ᠢ᠋ ᠨᠡᠩ ᠶᠠᠭᠤ ᠬᠡᠯᠡᠬᠦ ᠪᠣᠢ⁈ 
       ᠡᠷᠯᠢᠭ ᠦ᠋ᠨ ᠡᠭᠦᠳᠡᠨ ᠡᠴᠡ ᠠᠮᠢ ᠵᠤᠯᠪᠠᠭᠰᠠᠨ ᠮᠢᠩᠭᠠᠨᠪᠣᠣ᠂ ᠮᠠᠨᠤᠨᠪᠠᠳᠮ᠎ᠠ ᠶ᠋ᠢᠨ ᠤᠰᠤᠨ ᠠ᠋ᠴᠠ ᠲᠤᠩᠭᠠᠯᠠᠭ ᠤᠬᠠᠭᠠᠨ ᠢ᠋ ᠪᠢᠰᠢᠷᠡᠵᠦ ᠬᠠᠢᠷ᠎ᠠ ᠡᠭᠦᠰᠬᠦ ᠠᠪᠠᠴᠤ ᠤᠨᠠᠭᠠᠨ ᠬᠠᠢᠷ᠎ᠠ ᠶ᠋ᠢ ᠭᠡᠵᠢᠭᠡᠳᠡᠭᠰᠡᠨ ᠬᠣᠪᠢᠯᠴᠡᠴᠡᠭ ᠢ᠋ᠶ᠋ᠡᠨ ᠶᠠᠭᠠᠬᠢᠪᠠᠴᠤ ᠮᠠᠷᠲᠠᠵᠤ ᠴᠢᠳᠠᠬᠤ ᠦᠭᠡᠢ ᠰᠢᠨᠠᠯᠳᠠᠭ ᠪᠠᠢᠨ᠎ᠠ᠃ ᠲᠡᠭᠡᠪᠡᠴᠦ ᠲᠣᠯᠣᠭᠠᠢ ᠤᠨᠠᠬᠤ ᠶᠠᠯ᠎ᠠ ᠶ᠋ᠢ ᠨᠢ ᠬᠡᠯᠲᠦᠷᠢᠭᠦᠯᠦᠨ ᠠᠮᠢ ᠶ᠋ᠢ ᠨᠢ ᠠᠪᠤᠷᠠᠭᠰᠠᠨ ᠮᠠᠨᠤᠨᠪᠠᠳᠮ᠎ᠠ ᠶ᠋ᠢᠨ ᠠᠴᠢ ᠲᠤᠰᠠ ᠶ᠋ᠢ ᠦᠲᠡᠭᠡᠷᠴᠦ ᠴᠢᠳᠠᠬᠤ ᠦᠭᠡᠢ ᠠᠷᠵᠠᠭ ᠪᠣᠷᠵᠠᠭ ᠠᠮᠢᠳᠤᠷᠠᠯ ᠤ᠋ᠨ ᠣᠯᠠᠨ ᠰᠥᠪᠡᠭᠴᠢᠲᠦ ᠭᠣᠭᠴᠣᠭᠠᠠᠨ ᠤ᠋ ᠨᠢᠭᠡ ᠰᠢᠵᠢᠮ ᠡᠴᠡ ᠬᠤᠪᠢ ᠵᠠᠶᠠᠭᠠᠨ ᠤ᠋ ᠪᠠᠨ ᠣᠭᠣᠰᠣᠷ ᠢ᠋ ᠠᠷᠭᠠᠮᠵᠢᠵᠤ ᠣᠷᠬᠢᠭᠰᠠᠨ ᠳ᠋ᠠᠭᠠᠨ ᠠᠷᠭ᠎ᠠ ᠪᠤᠶᠤ ᠮᠠᠨᠤᠨᠪᠠᠳᠮ᠎ᠠ ᠲᠠᠢ ᠦᠰᠦ ᠪᠡᠨ ᠬᠣᠯᠪᠣᠵᠤ ᠠᠢᠯ ᠡᠷᠦᠬᠡ ᠪᠡᠨ ᠣᠩᠭᠣᠢᠯᠭᠠᠵᠤ ᠶᠠᠪᠤᠯ᠎ᠠ᠁  
       ᠲᠡᠭᠡᠬᠦ ᠳ᠋ᠦ᠍ ᠮᠠᠨᠤᠨᠪᠠᠳᠮ᠎ᠠ ᠬᠠᠢᠷᠠᠯᠠᠵᠤ ᠳᠤᠷᠠᠯᠠᠭᠰᠠᠨ ᠬᠥᠮᠦᠨ ᠲᠡᠢ ᠪᠡᠨ ᠰᠠᠭᠤᠵᠤ᠂ ᠵᠠᠶᠠᠭᠠᠨ ᠤ᠋ ᠪᠠᠨ ᠵᠢᠷᠭᠠᠯ ᠳ᠋ᠤ᠌ ᠲᠠᠰᠢᠭᠤᠷᠠᠭᠰᠠᠨ ᠦᠭᠡᠢ᠂ ᠬᠠᠷᠢᠨ ᠮᠢᠩᠭᠠᠨᠪᠣᠣ ᠪᠠᠨ ᠡᠷ᠎ᠡ ᠪᠦᠰᠡᠲᠡᠢ ᠬᠥᠮᠦᠨ᠂ ᠡᠨᠡ ᠬᠣᠷᠸ᠎ᠠ ᠳ᠋ᠤ᠌ ᠬᠡᠢ ᠮᠣᠷᠢ ᠰᠦᠯᠳᠡ ᠲᠡᠢ ᠶᠠᠪᠤᠬᠤ ᠭᠡᠪᠡᠯ ᠵᠢᠩᠰᠡ ᠤᠲᠤᠭ᠎ᠠ ᠵᠡᠭᠦᠵᠦ ᠵᠡᠷᠭᠡ ᠬᠡᠷᠬᠡᠮ ᠲᠡᠢ ᠭᠢᠯᠠᠯᠵᠠᠵᠤ ᠶᠠᠪᠤᠬᠤ ᠬᠡᠷᠡᠭᠲᠡᠢ᠃ ᠦᠭᠡᠢ ᠪᠣᠯ ᠵᠠᠶᠠᠭᠠᠨ ᠲᠩᠷᠢ ᠬᠠᠵᠠᠢᠵᠤ᠂ ᠠᠵᠠ ᠶ᠋ᠢᠨ ᠴᠢᠷᠠᠢ ᠪᠤᠷᠤᠭᠤᠯᠠᠨ᠎ᠠ ᠭᠡᠵᠦ ᠳᠣᠲᠣᠷ᠎ᠠ ᠪᠠᠨ ᠪᠣᠳᠣᠵᠤ ᠯᠠ ᠪᠠᠢᠵᠠᠢ᠃  
       ᠮᠠᠨᠤᠨᠪᠠᠳᠮ᠎ᠠ ᠶᠠᠭᠤ ᠪᠠᠷ ᠳᠤᠲᠠᠪᠠᠴᠤ ᠤᠬᠠᠭᠠᠨ ᠢ᠋ᠶ᠋ᠠᠷ ᠳᠤᠲᠠᠬᠤ ᠦᠭᠡᠢ᠃ ᠣᠷᠭᠣᠭᠠᠳ ᠪᠠᠢᠳᠠᠭ ᠤᠬᠠᠭᠠᠨ ᠢ᠋ᠶ᠋ᠠᠨ ᠵᠠᠷᠤᠭᠠᠳ ᠪᠠᠷᠠᠬᠤ ᠦᠭᠡᠢ᠃ ᠡᠪᠲᠦ ᠱᠠᠭᠠᠵᠠᠭᠠᠢ ᠪᠤᠭᠤ ᠪᠠᠷᠢᠨ᠎ᠠ ᠭᠡᠳᠡᠭ ᠢ᠋ᠶ᠋ᠡᠷ ᠮᠠᠨᠤᠪᠠᠳᠮ᠎ᠠ ᠥᠨᠥᠬᠢ ᠭᠣᠣ ᠰᠧᠯᠢᠩ 一 ᠬᠦᠷᠭᠡᠨ ᠠᠬ᠎ᠠ ᠪᠡᠨ ᠡᠷᠢᠵᠦ ᠣᠴᠢᠨ ᠡᠳᠦᠢ ᠲᠡᠳᠦᠢ ᠪᠡᠯᠡᠭ ᠰᠡᠯᠲᠡ ᠡᠷᠭᠦᠵᠦ᠄ 
       一 ᠡᠷᠭᠢᠨ ᠬᠦᠷᠭᠡᠨ ᠠᠬ᠎ᠠ ᠮᠢᠨᠢ᠂ ᠳᠡᠭᠦᠦ ᠬᠦᠷᠭᠡᠨ ᠳ᠋ᠡᠭᠡᠨ ᠪᠠᠭ᠎ᠠ ᠰᠠᠭ᠎ᠠ ᠴᠤ᠌ ᠭᠡᠰᠡᠨ ᠴᠡᠷᠢᠭ ᠦ᠋ᠨ ᠨᠣᠶᠠᠨ ᠵᠡᠷᠭᠡ ᠥᠭᠭᠦᠨ᠎ᠡ ᠪᠢᠵᠡ? ᠭᠡᠵᠦ ᠦᠨᠡᠷᠬᠡᠨ ᠭᠤᠶᠤᠭᠰᠠᠨ ᠳ᠋ᠤ᠌ ᠭᠣᠣ ᠰᠧᠯᠢᠩ᠄ 
       一 ᠥᠭᠴᠦ ᠴᠦ᠍ ᠪᠣᠯᠤᠯ ᠦᠭᠡᠢ ᠳᠡ᠃ ᠭᠡᠬᠦ ᠳ᠋ᠡᠭᠡᠨ ᠴᠡᠷᠢᠭ ᠮᠣᠷᠢ᠂ ᠵᠠᠷ ᠵᠡᠪᠰᠡᠭ ᠢ᠋ᠶ᠋ᠡᠨ ᠥᠪᠡᠷ ᠢ᠋ᠶ᠋ᠡᠨ ᠠᠷᠭᠠᠯᠠ! ᠭᠡᠵᠦ ᠥᠷᠥᠰᠢᠶᠡᠯ ᠬᠠᠢᠷᠠᠯᠠᠵᠠᠢ᠃ ᠢᠩᠭᠢᠭᠰᠡᠨ ᠢ᠋ᠶ᠋ᠡᠷ ᠮᠢᠩᠭᠠᠨᠪᠣᠣ ᠳᠣᠣᠷ᠎ᠠ ᠪᠠᠨ ᠵᠠᠬᠢᠷᠬᠤ ᠴᠡᠷᠢᠭ ᠮᠣᠷᠢ᠂ ᠵᠠᠷ ᠵᠡᠪᠰᠡᠭ ᠲᠡᠢ ᠪᠣᠯᠵᠤ ᠬᠢᠷᠢ ᠪᠡᠷ ᠢ᠋ᠶ᠋ᠡᠨ ᠴᠢᠩᠭᠠᠷᠠᠭᠰᠠᠨ ᠪᠠᠶᠠᠨ ᠬᠡᠷᠬᠡᠮ ᠡᠷ᠎ᠡ ᠶ᠋ᠢᠨ ᠨᠢᠭᠡ ᠪᠡᠷ ᠪᠠᠷᠠᠭᠤᠨ ᠬᠦᠩ ᠦ᠋ᠨ ᠬᠤᠰᠢᠭᠤᠨ ᠳ᠋ᠤ᠌ ᠪᠠᠷᠤᠭ ᠤ᠋ᠨ ᠬᠥᠮᠦᠨ ᠢ᠋ ᠬᠠᠷᠠᠬᠤ ᠦᠭᠡᠢ ᠪᠣᠯᠪᠠ᠃ ᠰᠡᠭᠦᠯ ᠰᠡᠭᠦᠯ ᠳ᠋ᠡᠭᠡᠨ ᠪᠠᠷᠠᠭᠤᠨ ᠬᠦᠩ ᠦ᠋ᠨ ᠪᠠᠷᠠᠭᠤᠨ ᠲᠤᠰᠠᠯᠠᠭᠴᠢ ᠶ᠋ᠢᠨ ᠱ᠌ᠢᠷᠦᠨ ᠵᠢᠩᠰᠡ ᠵᠡᠭᠦᠭᠰᠡᠨ ᠨᠢ ᠪᠦᠷ ᠯᠡ ᠮᠠᠨᠤᠨᠪᠠᠳᠮ᠎ᠠ ᠶ᠋ᠢᠨ ᠴᠢᠰᠤ ᠬᠥᠯᠥᠰᠥ ᠠᠷᠭ᠎ᠠ ᠤᠬᠠᠭᠠᠨ᠁ ᠡᠨᠳᠡ ᠬᠦᠷᠲᠡᠯ᠎ᠡ ᠪᠣᠳᠣᠬᠤ ᠳ᠋ᠤ᠌ ᠲᠡᠭᠦᠨ ᠳ᠋ᠦ᠍ ᠪᠠᠭ᠎ᠠ ᠬᠠᠲᠤᠨ ᠰᠡᠷᠭᠦᠮ᠎ᠡ ᠶ᠋ᠢᠨ ᠨᠢᠯᠬᠠᠵᠢᠭᠤᠨ ᠤᠬᠠᠭᠠᠨ ᠭᠣᠣ ᠰᠧᠯᠢᠩ ᠦ᠋ᠨ ᠬᠠᠵᠠᠭᠤ ᠳ᠋ᠤ᠌ ᠶᠠᠭᠤ ᠴᠤ᠌ ᠪᠢᠰᠢ ᠰᠠᠨᠠᠭᠳᠠᠨ᠎ᠠ᠃ ᠭᠡᠬᠦ ᠳ᠋ᠡᠭᠡᠨ ᠬᠠᠭᠤᠴᠢᠨ ᠤ᠋ ᠬᠥᠮᠦᠰ ᠡᠷ᠎ᠡ ᠬᠥᠮᠦᠨ ᠡᠷ᠎ᠡ ᠬᠥᠮᠦᠨ ᠳ᠋ᠡᠭᠡᠨ ᠬᠠᠢᠷᠠᠲᠠᠢ ᠭᠡᠳᠡᠭ ᠪᠣᠯ ᠡᠮ᠎ᠡ ᠬᠥᠮᠦᠨ ᠡᠮ᠎ᠡ ᠬᠥᠮᠦᠨ ᠳ᠋ᠡᠭᠡᠨ ᠬᠠᠷᠠᠳᠠᠭᠠᠳ ᠪᠠᠢᠳᠠᠭ ᠨᠢ ᠡᠨᠡ ᠬᠣᠷᠸ᠎ᠠ ᠶ᠋ᠢᠨ ᠪᠠᠰᠠ ᠨᠢᠭᠡ ᠰᠣᠯᠣᠭᠠᠢ ᠵᠢᠮ᠎ᠡ ᠶᠣᠰᠣ ᠪᠠᠢᠵᠠᠢ᠃ 
       ᠮᠠᠨᠤᠨᠪᠠᠳᠮ᠎ᠠ᠂ ᠡᠪᠡᠳᠴᠢᠨ ᠳ᠋ᠦ᠍ ᠪᠣᠭᠣᠭᠳᠠᠭᠰᠠᠨ ᠡᠪᠦᠭᠡᠨ ᠦ᠌ ᠪᠡᠨ ᠰᠡᠷᠡᠭᠦᠨ ᠪᠠᠢᠭ᠎ᠠ ᠳ᠋ᠤ᠌ ᠱᠠᠯᠠᠪᠬᠠᠨ ᠪᠠᠭ᠎ᠠ ᠬᠠᠲᠤᠨ ᠰᠧᠯᠢᠩ ᠲᠡᠢ ᠪᠡᠶ᠎ᠡ ᠪᠡᠷ ᠢ᠋ᠶ᠋ᠡᠨ ᠣᠴᠢᠵᠤ ᠵᠣᠯᠭᠠᠨ ᠬᠥᠪᠡᠭᠦᠨ ᠴᠣᠭᠪᠠᠭᠠᠲᠤᠷ ᠢ᠋ᠶ᠋ᠠᠨ ᠡᠴᠢᠭᠡ ᠶ᠋ᠢᠨ ᠣᠷᠣ ᠶ᠋ᠢ ᠳᠠᠷᠤᠵᠤ ᠪᠠᠷᠠᠭᠤᠨ ᠲᠤᠰᠠᠯᠠᠭᠴᠢ ᠪᠤᠶᠤ ᠪᠠᠷᠠᠭᠤᠨ ᠬᠦᠩ ᠦ᠋ᠨ ᠬᠣᠰᠢᠭᠤ ᠶᠠᠮᠤᠨ ᠤ᠋ ᠴᠡᠷᠢᠭ ᠦ᠋ᠨ ᠨᠣᠶᠠᠨ ᠤ᠋ ᠲᠤᠰᠢᠶᠠᠯ ᠳ᠋ᠤ᠌ ᠳᠡᠪᠰᠢᠭᠦᠯᠬᠦ ᠪᠡᠷ ᠵᠥᠪᠰᠢᠶᠡᠷᠡᠭᠦᠯᠬᠦ ᠳ᠋ᠦ᠍ ᠣᠨᠴᠠ ᠶ᠋ᠢᠨ ᠠᠰᠠᠭᠤᠳᠠᠯ ᠦᠭᠡᠢ ᠪᠠᠢᠬ᠎ᠠ! ᠲᠡᠷᠡ ᠪᠡᠷ ᠬᠥᠭᠰᠢᠨ ᠨᠢᠭᠤᠷ ᠢ᠋ ᠮᠢᠨᠢ ᠪᠣᠳᠣᠵᠤ ᠬᠥᠪᠡᠭᠦᠨ ᠢ᠋ ᠮᠢᠨᠢ ᠳᠡᠭᠡᠭᠰᠢ ᠲᠠᠲᠠᠵᠤ ᠶᠠᠮᠠᠷ ᠴᠤ᠌ ᠭᠡᠰᠡᠨ ᠨᠣᠶᠠᠨ ᠵᠡᠷᠭᠡ ᠥᠭᠭᠦᠯ ᠦᠭᠡᠢ ᠳᠡ! ᠭᠡᠵᠦ ᠪᠠᠲᠤ ᠢᠳᠡᠭᠡᠨ ᠡᠪᠦᠭᠡᠨ ᠦ᠌ ᠪᠡᠨ ᠰᠣᠨᠣᠷ ᠲᠤ᠌ ᠰᠣᠨᠣᠰᠬᠤᠯᠠᠩᠲᠠᠢ ᠶᠠᠭᠤᠮ᠎ᠠ ᠰᠣᠨᠣᠰᠬᠠᠬᠤ ᠶᠤᠮᠰᠠᠨ ᠭᠡᠵᠦ ᠮᠣᠷᠢᠨ ᠳᠡᠯ ᠳᠡᠭᠡᠭᠦᠷ ᠶᠠᠭᠠᠷᠠᠨ ᠳᠣᠪᠲᠣᠯᠭᠠᠨ᠎ᠠ᠁   
       ᠮᠠᠨᠤᠨᠪᠠᠳᠮ᠎ᠠ ᠰᠠᠨᠠᠭᠰᠠᠨ ᠠ᠋ᠴᠠ ᠪᠠᠨ ᠴᠠᠭᠠᠰᠢ ᠭᠠᠪᠢᠶᠠᠷᠬᠠᠭ ᠰᠠᠢᠬᠠᠨ ᠶᠠᠭᠤᠮ᠎ᠠ ᠰᠠᠨᠠᠵᠤ ᠶᠠᠪᠤᠲᠠᠯ᠎ᠠ ᠠᠷᠤ ᠠ᠋ᠴᠠ《ᠲᠤᠰᠠᠯᠠᠭᠴᠢ ᠭᠤᠸᠠᠢ ᠶᠢᠷᠲᠢᠨᠴᠦ ᠶ᠋ᠢᠨ ᠮᠥᠩᠬᠡ ᠪᠤᠰᠤ ᠶ᠋ᠢ ᠦᠵᠡᠭᠦᠯᠴᠢᠬᠡᠯ᠎ᠡ᠁》 ᠭᠡᠰᠡᠨ ᠳᠠᠭᠤᠳᠠᠯᠭ᠎ᠠ ᠢᠷᠡᠵᠦ ᠲᠡᠭᠦᠨ ᠦ᠌ ᠮᠣᠷᠢᠨ ᠤ᠋ ᠵᠢᠯᠣᠭᠣ ᠶ᠋ᠢ ᠡᠷᠭᠢᠭᠦᠯᠪᠡ᠃  
       ᠬᠠᠭᠤᠴᠢᠨ ᠲᠤᠰᠠᠯᠠᠭᠴᠢ ᠮᠢᠩᠭᠠᠨᠪᠣᠣ ᠰᠠᠮᠠᠭᠠᠨ ᠤ᠋ ᠪᠠᠨ ᠶᠠᠪᠤᠭᠰᠠᠨ ᠤ᠋ ᠳᠠᠷᠠᠭᠠᠬᠠᠨ ᠭᠡᠨᠡᠳᠲᠡ ᠳᠣᠲᠣᠷ᠎ᠠ ᠨᠢ ᠬᠠᠷᠠᠩᠭᠤᠢᠯᠠᠬᠤ ᠰᠢᠭ᠋ ᠪᠣᠯᠬᠤ ᠳ᠋ᠤ᠌ ᠬᠦᠦ ᠪᠡᠨ ᠬᠠᠵᠠᠭᠤ ᠳ᠋ᠠᠭᠠᠨ ᠳᠠᠭᠤᠳᠠᠵᠤ᠂ ᠳᠡᠷ᠎ᠡ ᠶ᠋ᠢᠨ ᠢ᠋ᠶ᠋ᠡᠨ ᠳᠣᠣᠷ᠎ᠠ ᠠ᠋ᠴᠠ ᠤᠯᠠᠭᠠᠨ ᠱ᠌ᠢᠷᠦᠨ ᠵᠢᠩᠰᠡᠲᠦ ᠮᠠᠨᠤᠬᠤᠨ ᠬᠥᠬᠦᠦᠷ ᠭᠠᠷᠭᠠᠵᠤ᠄ 
       一 ᠡᠨᠡ ᠪᠣᠯ ᠴᠢᠨᠦ ᠡᠪᠦᠭᠡ ᠶ᠋ᠢᠨ ᠡᠪᠦᠭᠡ ᠶ᠋ᠢᠨ ᠦᠶ᠎ᠡ ᠡᠴᠡ ᠤᠳᠤᠮ ᠳᠠᠮᠵᠢᠨ ᠤᠯᠠᠮᠵᠢᠯᠠᠵᠤ ᠢᠷᠡᠭᠰᠡᠨ ᠢᠬᠡᠷ᠎ᠡ ᠬᠣᠶᠠᠷ ᠮᠠᠨᠤᠬᠤᠨ ᠬᠥᠬᠦᠦᠷ ᠦ᠋ᠨ ᠥᠷᠥᠭᠡᠰᠦᠨ ᠨᠢ᠃ ᠮᠠᠨ ᠤ᠋ ᠳᠡᠭᠡᠳᠦᠭᠦᠯᠡ ᠡᠷᠲᠡ ᠦᠶ᠎ᠡ ᠳ᠋ᠦ᠍ ᠶᠡᠬᠡ ᠪᠠᠭᠠᠲᠤᠷ ᠬᠥᠮᠦᠨ ᠪᠠᠢᠯ᠎ᠠ ᠭᠡᠰᠡᠨ᠃ ᠴᠢᠩ ᠤᠯᠤᠰ ᠤ᠋ᠨ ᠴᠡᠷᠢᠭ ᠲᠡᠢ ᠬᠠᠮᠵᠢᠵᠤ ᠬᠢᠲᠠᠳ ᠤ᠋ᠨ ᠮᠢᠩ ᠤᠯᠤᠰ᠂ ᠰᠣᠯᠣᠩᠭᠣᠰ ᠤᠯᠤᠰ ᠢ᠋ ᠳᠠᠢᠯᠠᠨ ᠪᠠᠢᠯᠳᠤᠬᠤ ᠲᠡᠢᠨ ᠳ᠋ᠦ᠍ ᠣᠷᠣᠯᠴᠠᠨ ᠭᠠᠪᠢᠶ᠎ᠠ ᠪᠠᠢᠭᠤᠯᠤᠯ᠎ᠠ ᠭᠡᠳᠡᠭ᠃ ᠡᠭᠦᠨ ᠳ᠋ᠦ᠍ ᠡᠶᠡᠪᠡᠷ ᠵᠠᠰᠠᠭᠴᠢ ᠬᠠᠭᠠᠨ ᠠ᠋ᠴᠠ ᠲᠡᠭᠦᠨ ᠳ᠋ᠦ᠍ ᠢᠬᠡᠷ᠎ᠡ ᠬᠣᠶᠠᠷ ᠱ᠌ᠢᠷᠦᠨ ᠵᠢᠩᠰᠡ ᠲᠡᠢ ᠠᠯᠲᠠᠨ ᠪᠥᠷᠵᠡᠲᠦ ᠮᠠᠨᠤᠬᠤᠨ ᠬᠥᠬᠦᠦᠷ ᠱᠠᠩᠨᠠᠵᠤ ᠥᠭᠬᠦ ᠳ᠋ᠡᠭᠡᠨ《ᠵᠠᠰᠠᠭ ᠲᠥᠷᠥ ᠴᠡᠷᠢᠭ ᠲᠡᠢᠨ ᠳ᠋ᠦ᠍ ᠰᠢᠭᠤᠷᠬᠠᠢᠯᠠᠭᠰᠠᠨ ᠬᠥᠮᠦᠨ᠁》 ᠭᠡᠵᠦ ᠮᠠᠭᠲᠠᠭᠰᠠᠨ ᠭᠡᠨ᠎ᠡ᠃ ᠲᠡᠭᠡᠭᠡᠳ ᠳᠡᠭᠡᠳᠦᠭᠦᠯᠡ ᠶ᠋ᠢᠨ ᠦᠶ᠎ᠡ ᠡᠴᠡ ᠡᠭᠦᠨ ᠢ᠋ ᠤᠳᠤᠮ ᠵᠠᠯᠭᠠᠭᠰᠠᠨ《ᠭᠣᠯᠣᠮᠲᠠ ᠡᠷᠳᠡᠨᠢ》 ᠪᠡᠷ ᠨᠠᠨᠳᠢᠩᠨᠠᠵᠤ ᠤᠯᠠᠮᠵᠢᠯᠠᠭᠰᠠᠨ ᠰᠠᠨ᠃ ᠡᠭᠦᠨ ᠢ᠋ ᠪᠡᠨ ᠡᠷᠬᠢᠮᠯᠡᠵᠦ ᠶᠠᠪᠤᠭᠠᠷᠠᠢ! ᠨᠥᠭᠦᠭᠡ ᠥᠷᠥᠭᠡᠰᠦᠨ ᠢ᠋᠁ ᠠᠷᠤ ᠭᠣᠪᠢ ᠶ᠋ᠢᠨ ᠨᠤᠲᠤᠭ ᠲᠤ᠌᠁ ᠭᠡᠵᠦ ᠬᠡᠯᠡᠬᠦ ᠭᠡᠰᠡᠨ ᠦᠭᠡ ᠨᠢ ᠲᠠᠰᠤᠯᠳᠠᠨ ᠵᠠᠩᠭᠢᠷᠠᠵᠤ ᠨᠢᠳᠦᠨ ᠳ᠋ᠦ᠍ᠨᠢ ᠵᠠᠢᠷ ᠬᠠᠢᠯᠵᠤ᠂ ᠬᠣᠪᠢᠯᠴᠡᠴᠡᠭ ᠪᠦᠰᠡᠭᠦᠢ ᠶ᠋ᠢᠨ ᠰᠠᠢᠬᠠᠨ ᠴᠢᠷᠠᠢ ᠪᠥᠷᠭᠥᠯᠵᠡᠨ ᠬᠠᠷᠠᠭᠳᠠᠭᠠᠳ《ᠴᠡᠩᠬᠡᠷ ᠴᠠᠭᠠᠨ ᠡᠭᠦᠯᠡ》 ᠭᠡᠳᠡᠭ ᠳᠠᠭᠤᠤ ᠶ᠋ᠢᠨ ᠠᠶ᠎ᠠ ᠨᠠᠪ ᠨᠠᠮᠬᠠᠨ ᠬᠠᠩᠭᠢᠨᠠᠬᠤ ᠰᠢᠭ᠋ ᠰᠣᠨᠣᠰᠳᠠᠨ ᠥᠪᠡᠷ ᠢ᠋ᠶ᠋ᠡᠨ ᠬᠠᠷᠢᠨ ᠴᠡᠯᠮᠡᠭ ᠣᠭᠲᠠᠷᠭᠤᠢ ᠳ᠋ᠤ᠌ ᠭᠦᠪᠦᠯᠵᠡᠭᠰᠡᠨ ᠴᠡᠩᠬᠡᠷ ᠴᠠᠭᠠᠨ ᠡᠭᠦᠯᠡᠨ ᠳ᠋ᠦ᠍ ᠳᠡᠭᠳᠡᠭᠰᠡᠨ ᠰᠢᠭ ᠪᠣᠯᠤᠭᠠᠳ ᠶᠠᠪᠤᠴᠢᠬᠠᠯ᠎ᠠ᠁  
       ᠮᠠᠨᠤᠨᠪᠠᠳᠮ᠎ᠠ ᠬᠥᠭᠰᠢᠨ ᠢ᠋ ᠵᠠᠪᠳᠤᠵᠤ ᠢᠷᠡᠬᠦ ᠳ᠋ᠦ᠍ ᠮᠢᠩᠭᠠᠨᠪᠣᠣ ᠲᠤᠰᠠᠯᠠᠭᠴᠢ ᠨᠢᠭᠡᠨᠲᠡ ᠠᠮᠤᠷᠯᠢᠩᠭᠤᠢ ᠲᠠᠢᠪᠤᠩ ᠨᠣᠢᠷᠰᠤᠭᠰᠠᠨ ᠪᠠᠢᠯ᠎ᠠ᠃  
       ᠲᠡᠭᠦᠨ ᠡᠴᠡ ᠬᠣᠢᠰᠢ ᠴᠣᠭᠪᠠᠭᠠᠲᠤᠷ ᠨᠠᠰᠤᠲᠠᠢ ᠡᠵᠢ ᠡᠴᠡ ᠪᠡᠨ ᠱ᠌ᠢᠷᠦᠨ ᠵᠢᠩᠰᠡ ᠲᠡᠢ ᠥᠷᠥᠭᠡᠰᠦᠨ ᠮᠠᠨᠤᠬᠤᠨ ᠬᠥᠬᠦᠦᠷ ᠦ᠋ᠨ ᠲᠤᠬᠠᠢ ᠲᠠᠰᠤᠭ ᠪᠤᠰᠠᠭ ᠰᠣᠨᠣᠰᠬᠠᠯ ᠳᠣᠮᠣᠭ ᠢ᠋ ᠰᠣᠨᠣᠰᠴᠤ ᠡᠭᠦᠨ ᠢ᠋ᠶ᠋ᠡᠨ ᠦᠷᠬᠦᠢ ᠪᠡᠶ᠎ᠡ ᠳ᠋ᠡᠭᠡᠨ ᠠᠪᠴᠤ ᠠᠮᠢ ᠲᠠᠢ ᠪᠠᠨ ᠬᠣᠯᠪᠣᠳᠠᠭ ᠪᠣᠯᠵᠠᠢ᠃  


             ᠦᠰᠦᠭ ᠠᠮᠢᠯᠠᠭᠤᠯᠤᠭᠰᠠᠨ ᠨᠢ᠄  ᠳᠠᠪᠰᠢᠯᠲᠦ᠂ ᠣᠳᠣᠨᠬᠤᠸᠠᠷ