ᠵᠠᠯᠠᠭᠤ ᠨᠠᠰᠤ05-ᠷ ∙ ᠴᠣᠢᠨᠣᠮ-ᠨᠠᠢᠷᠠᠭᠯᠠᠯЗалуу нас-Р.Чойном Zaluu nas-R.Choinom
ᠵᠠᠯᠠᠭᠤ ᠨᠠᠰᠤ05
ᠷ᠂ ᠴᠤᠢᠨᠥᠮ
ᠲᠠᠪᠤᠳᠤᠭᠠᠷ ᠪᠦᠯᠦᠭ
1
ᠨᠡᠮᠡᠬᠦ ᠬᠠᠰᠤᠬᠤ ᠰᠣᠷᠢᠨᠵᠢᠨ ᠤ᠋
ᠨᠢᠭᠡᠨ ᠵᠢᠭᠳᠡ ᠬᠡᠯᠪᠡᠯᠵᠡᠯ ᠰᠢᠭ
ᠨᠢᠭᠡ ᠨᠢ ᠨᠥᠭᠦᠭᠡ ᠳ᠋ᠡᠭᠡᠨ ᠲᠠᠲᠠᠭᠳᠠᠬᠤ
ᠰᠡᠳᠬᠢᠯ ᠦ᠋ᠨ ᠬᠦᠴᠦᠳᠡᠯ ᠬᠡᠴᠡᠭᠦᠦ ᠶᠡ!
ᠵᠢᠷᠭᠤᠭᠠᠨ ᠵᠢᠯ ᠦ᠋ᠨ ᠡᠮᠦᠨ᠎ᠡ
ᠵᠤᠨ ᠤ᠋ ᠰᠠᠢᠬᠠᠨ ᠡᠳᠦᠷ
ᠠᠷᠪᠠᠨ ᠨᠠᠢ᠌ᠮᠠᠨ ᠨᠠᠰᠤᠨ ᠤ᠋ ᠪᠠᠨ
ᠠᠰᠠᠭᠰᠠᠨ ᠭᠠᠯ ᠰᠢᠭ᠋ ᠬᠦᠰᠡᠯ ᠢ᠋
ᠬᠣᠯᠠ ᠪᠠᠷᠠᠭᠤᠨ ᠬᠢᠵᠠᠭᠠᠷ ᠤ᠋ᠨ
ᠬᠣᠪᠲᠣ ᠶ᠋ᠢᠨ ᠴᠡᠩᠬᠡᠷ ᠠᠭᠤᠯᠠᠰ ᠤ᠋ᠨ
ᠤᠨᠠᠭᠠᠨ ᠵᠠᠯᠠᠭᠤ ᠳᠠᠭᠤᠴᠢᠨ ᠳ᠋ᠤ᠌
ᠤᠯᠠ ᠮᠥᠷ ᠦᠭᠡᠢ ᠠᠯᠳᠠᠭᠰᠠᠨ ᠴᠤ᠌
ᠵᠢᠩ ᠦ᠋ᠨ ᠣᠯᠠᠨ ᠲᠡᠮᠡᠭᠡᠳ ᠰᠢᠭ
ᠵᠢᠷ ᠦ᠋ᠨ ᠣᠯᠠᠨ ᠬᠣᠨᠣᠭ ᠤ᠋ᠳ ᠲᠤ᠌
ᠪᠣᠷᠣᠬᠠᠨ ᠬᠠᠷᠠᠴᠠ ᠶ᠋ᠢ ᠨᠢ ᠮᠠᠷᠲᠠᠭ᠎ᠠ ᠦᠭᠡᠢ
ᠪᠣᠳᠣᠨ ᠪᠣᠳᠣᠨ ᠶᠠᠪᠤᠨᠠᠮ᠁
ᠠᠩᠴᠢᠨ ᠪᠦᠷᠭᠦᠳ ᠦ᠋ᠨ ᠵᠢᠭᠦᠷ ᠰᠢᠭ
ᠬᠠᠷ᠎ᠠ ᠬᠣᠶᠠᠷ ᠬᠥᠮᠥᠰᠬᠡ ᠨᠢ
ᠠᠶᠠᠲᠠᠢ ᠵᠥᠭᠡᠯᠡᠨ ᠱᠣᠪᠣᠢᠭᠰᠠᠨ
ᠬᠠᠮᠠᠷ ᠤ᠋ᠨ ᠲᠣᠷᠭᠠᠨ ᠦᠵᠦᠭᠦᠷ ᠨᠢ
ᠵᠠᠭᠠᠨ ᠤ᠋ ᠶᠠᠰᠤᠨ ᠰᠡᠢᠯᠪᠦᠷᠢ ᠰᠢᠭ
ᠵᠠᠯᠠᠭᠤ ᠭᠤᠸᠠᠯᠢᠭ ᠴᠣᠭᠴᠠᠰ ᠨᠢ
ᠮᠠᠭᠠᠳ ᠣᠳᠣ ᠬᠡᠪ ᠢ᠋ᠶ᠋ᠡᠷ ᠢ᠋ᠶ᠋ᠡᠨ
ᠮᠠᠨᠳᠤᠵᠤ ᠶᠠᠪᠤᠭ᠎ᠠ ᠪᠣᠯ ᠤᠤ ᠳᠠ?
ᠡᠰᠡᠪᠡᠯ᠂ ᠬᠥᠮᠦᠰ ᠦ᠋ᠨ ᠶᠠᠷᠢᠭᠰᠠᠨ ᠢ᠋ᠶ᠋ᠠᠷ
ᠡᠯᠳᠡᠪ ᠴᠡᠩᠭᠡᠯ ᠨᠢ ᠳᠡᠩᠳᠡᠵᠦ
ᠡᠷᠢᠶᠡᠨ ᠨᠢᠭᠤᠷ ᠲᠠᠢ ᠪᠣᠯᠤᠭᠰᠠᠨ ᠢ᠋ ᠨᠢ
ᠪᠢ ᠲᠠᠨᠢᠯ ᠦᠭᠡᠢ ᠥᠩᠭᠡᠷᠡᠭᠰᠡᠨ ᠪᠠᠢᠬ᠎ᠠ᠁
ᠶᠠᠮᠠᠷ ᠴᠤ᠌ ᠭᠡᠰᠡᠨ ᠲᠡᠷᠡ ᠮᠢᠨᠢ
ᠢᠨᠠᠭ ᠬᠥᠩᠭᠡᠨ ᠰᠡᠳᠬᠢᠯ ᠢ᠋ᠶ᠋ᠡᠷ
ᠰᠠᠢᠨ ᠮᠠᠭᠤ ᠶ᠋ᠢ ᠪᠣᠳᠣᠯ ᠦᠭᠡᠢ
ᠰᠠᠯᠬᠢ ᠰᠢᠭ᠋ ᠶᠠᠪᠤᠳᠠᠭ ᠬᠥᠮᠦᠨ ᠰᠠᠨ᠁
ᠬᠥᠮᠦᠨ ᠦ᠌ ᠡᠩᠬᠦᠷᠡᠢᠯᠡᠯ ᠳ᠋ᠦ᠍ ᠳᠡᠢᠯᠳᠡᠭᠡ ᠦᠭᠡᠢ
ᠬᠦᠰᠡᠯᠡᠩ ᠰᠣᠨᠢᠷᠬᠠᠯ ᠤ᠋ᠨ ᠲᠡᠮᠡᠦᠯᠦᠯ ᠢ᠋ᠶ᠋ᠡᠷ
ᠬᠥᠪᠴᠢ ᠶ᠋ᠢᠨ ᠭᠤᠨᠠᠨ ᠰᠤᠭᠤ ᠰᠢᠭ᠋
ᠬᠥᠩᠭᠡᠨ ᠳᠣᠷᠢᠭᠤᠨ ᠶᠠᠪᠤᠪᠠᠴᠤ
ᠡᠬᠢᠨ ᠦ᠌ ᠦᠨᠡᠨ ᠳᠤᠷᠠᠯᠠᠯ
ᠡᠷᠭᠢᠵᠦ ᠬᠡᠵᠢᠶ᠎ᠡ ᠴᠦ᠍ ᠢᠷᠡᠳᠡᠭ ᠦᠭᠡᠢ ᠶᠤᠮ᠂
ᠴᠠᠭ᠂ ᠨᠠᠰᠤ ᠬᠣᠶᠠᠷ ᠢ᠋
ᠴᠠᠭᠳᠠᠵᠤ ᠵᠣᠭᠰᠣᠭᠠᠵᠤ ᠪᠣᠯᠳᠠᠭ ᠦᠭᠡᠢ ᠶᠤᠮ᠃
ᠰᠠᠢᠨ ᠬᠥᠮᠦᠨ ᠢ᠋ ᠰᠢᠯᠢᠭᠰᠡᠭᠡᠷ
ᠰᠠᠢᠬᠠᠨ ᠠᠮᠢᠳᠤᠷᠠᠯ ᠢ᠋ ᠡᠷᠢᠭᠰᠡᠭᠡᠷ
ᠠᠯᠢ ᠨᠢ ᠴᠤ᠌ ᠦᠭᠡᠢ ᠥᠲᠡᠯᠬᠦ
ᠠᠯᠳᠠᠭ᠎ᠠ ᠬᠠᠶᠠ ᠪᠠᠢᠳᠠᠭ ᠶᠤᠮ᠃
ᠠᠷᠪᠠᠨ ᠬᠤᠷᠤᠭᠤ ᠨᠢ ᠲᠡᠭᠰᠢᠬᠡᠨ
ᠠᠪᠤ ᠶ᠋ᠢᠨ ᠬᠦᠦ ᠲᠥᠷᠥᠳᠡᠭ ᠦᠭᠡᠢ ᠶᠤᠮ᠂
ᠠᠮᠢᠳᠤᠷᠠᠬᠤ ᠴᠠᠭ ᠢ᠋ᠶ᠋ᠠᠨ ᠪᠣᠯᠬᠤ ᠳ᠋ᠤ᠌
ᠬᠡᠨ ᠨᠢ ᠴᠦ᠍ ᠬᠡᠨ ᠡᠴᠡ ᠪᠡᠨ ᠳᠤᠲᠠᠳᠠᠭ ᠦᠭᠡᠢ ᠶᠤᠮ᠃
ᠳᠡᠯᠡᠬᠡᠢ ᠬᠡᠳᠦᠢ ᠥᠷᠭᠡᠨ ᠴᠦ᠍
ᠳᠡᠭᠡᠷ᠎ᠡ ᠲᠡᠢ᠂ ᠳᠣᠣᠷ᠎ᠠ ᠲᠠᠢ ᠪᠠᠢᠳᠠᠭ᠂
ᠳᠡᠯᠭᠡᠷ ᠪᠠᠶᠠᠨ ᠠᠮᠢᠳᠤᠷᠠᠯ ᠴᠤ᠌
ᠳᠡᠭᠡᠯ᠂ ᠲᠤᠭᠤᠯ ᠲᠠᠢ ᠪᠠᠢᠳᠠᠭ᠃
ᠬᠦᠢᠲᠡᠨ᠂ ᠬᠠᠯᠠᠭᠤᠨ ᠢ᠋ ᠲᠤᠭᠤᠯᠵᠤ
ᠬᠦᠰᠡᠨ ᠮᠥᠷᠥᠭᠡᠳᠦᠭᠰᠡᠭᠡᠷ ᠢᠷᠡᠬᠦ ᠳ᠋ᠦ᠍
ᠬᠦᠯᠢᠶᠡᠵᠦ ᠤᠭᠲᠤᠯ ᠦᠭᠡᠢ᠂ ᠵᠠᠷᠢᠮ ᠨᠢ
ᠬᠦᠨᠡᠢᠷᠬᠡᠦ ᠵᠠᠩ ᠴᠤ᠌ ᠭᠠᠷᠭᠠᠳᠠᠭ᠃
ᠬᠦᠷᠡᠩ ᠬᠠᠴᠠᠷ ᠲᠠᠢ ᠬᠡᠦᠬᠡᠨ ᠮᠢᠨᠢ
ᠬᠦᠰᠡᠯ ᠮᠥᠷᠥᠭᠡᠳᠦᠯ ᠦ᠋ᠨ ᠳᠠᠭᠤᠴᠢᠨ ᠮᠢᠨᠢ
ᠬᠣᠷᠢᠨ ᠨᠠᠢ᠌ᠮᠠ ᠶ᠋ᠢ ᠬᠦᠷᠦᠯ᠎ᠡ ᠰᠢᠦ᠂
ᠬᠣᠢᠰᠢᠳᠠ ᠲᠣᠮᠣᠭ᠎ᠠ ᠰᠠᠭᠤᠭᠠᠷᠠᠢ!
ᠵᠠᠬᠢᠭᠰᠠᠨ ᠬᠡᠳᠦᠨ ᠦᠭᠡ ᠶ᠋ᠢ ᠮᠢᠨᠢ
ᠵᠠᠷᠢᠮ ᠳ᠋ᠠᠭᠠᠨ ᠰᠠᠨᠠᠵᠤ ᠶᠠᠪᠤᠭᠠᠷᠠᠢ!
ᠵᠠ ᠣᠳᠣ᠂ ᠤᠩᠰᠢᠭᠴᠢ ᠮᠢᠨᠢ
ᠵᠠᠮᠪᠠᠭ᠎ᠠ ᠶ᠋ᠢᠨ ᠲᠤᠬᠠᠢ ᠶᠠᠷᠢᠶ᠎ᠠ᠁
ᠬᠠᠪᠰᠠᠷᠭ᠎ᠠ ᠰᠠᠯᠬᠢ ᠰᠡᠢᠭᠡᠭᠰᠡᠨ
ᠬᠠᠷᠠᠩᠭᠤᠢ ᠦᠳᠡᠰᠢ ᠡᠴᠡ ᠬᠣᠢᠰᠢ
ᠬᠣᠶᠠᠷ ᠬᠣᠨᠣᠭ ᠥᠩᠭᠡᠷᠡᠵᠦ
ᠬᠣᠲᠠ ᠡᠴᠡ ᠵᠠᠬᠢᠳᠠᠯ ᠢᠷᠡᠵᠡᠢ᠃
ᠵᠠᠬᠢᠳᠠᠯ ᠢ᠋ ᠪᠢᠰᠢ ᠵᠠᠮᠪᠠᠯ ᠢ᠋
ᠵᠠᠮᠪᠠᠭ᠎ᠠ ᠬᠦᠯᠢᠶᠡᠭᠰᠡᠨ ᠪᠣᠯᠬᠤ ᠪᠠᠷ
ᠭᠠᠢᠬᠠᠬᠤ ᠰᠡᠳᠬᠢᠯ ᠲᠥᠷᠥᠵᠦ
ᠭᠠᠷ ᠨᠢ ᠵᠢᠭᠠᠬᠠᠨ ᠴᠡᠴᠡᠷᠡᠪᠡ᠃
ᠬᠥᠳᠡᠭᠡ ᠴᠠᠢᠳᠠᠮ ᠨᠤᠲᠤᠭ ᠲᠠᠭᠠᠨ
ᠬᠥᠭᠵᠢᠵᠦ ᠶᠠᠪᠤᠭᠰᠠᠨ ᠢ᠋ᠶ᠋ᠠᠨ ᠪᠣᠳᠣᠪᠠᠯ
ᠬᠥᠭᠡᠷᠦᠬᠦᠢ ᠲᠡᠭᠦᠨ ᠦ᠌ ᠵᠢᠷᠦᠬᠡ
ᠬᠥᠨᠳᠡᠭᠦᠷ ᠪᠣᠯᠤᠭᠰᠠᠨ ᠨᠢ ᠯᠠᠪᠲᠠᠢ᠃
ᠡᠷᠡᠭᠲᠡᠢ ᠡᠮᠡᠭᠲᠡᠢ ᠬᠡᠨ ᠴᠦ᠍
ᠡᠬᠢᠨ ᠦ᠌ ᠬᠠᠢᠷ᠎ᠠ ᠶ᠋ᠢ ᠠᠮᠰᠠᠬᠤ ᠳ᠋ᠠᠭᠠᠨ
ᠡᠯᠳᠡᠪ ᠬᠣᠶᠠᠷ ᠢ᠋ ᠦᠵᠡᠭᠡ ᠦᠭᠡᠢ
ᠡᠮᠵᠡᠭ ᠵᠥᠭᠡᠯᠡᠨ ᠰᠡᠳᠬᠢᠯ ᠲᠡᠢ
ᠠᠷᠪᠠᠨ ᠲᠠᠪᠤᠨ ᠤ᠋ ᠰᠠᠷ᠎ᠠ ᠰᠢᠭ᠋
ᠠᠷᠢᠭᠤᠨ ᠴᠠᠭᠠᠨ ᠢᠲᠡᠭᠡᠯ ᠲᠡᠢ
ᠠᠯᠢᠪᠠ ᠪᠦᠬᠦᠨ ᠳ᠋ᠦ᠍ ᠬᠠᠭᠤᠷᠲᠠᠭᠰᠠᠨ
ᠠᠮᠢᠲᠠᠳ ᠪᠠᠢᠳᠠᠭ ᠰᠢᠦ ᠳᠡ᠃
ᠢᠲᠡᠭᠡᠶ᠎ᠡ ᠭᠡᠰᠡᠨ ᠳ᠋ᠡᠭᠡᠨ ᠢᠲᠡᠭᠡᠳᠡᠭ
ᠡᠢᠮᠦ ᠡᠮᠵᠡᠭ ᠨᠠᠰᠤᠨ ᠳ᠋ᠤᠨᠢ
ᠳᠣᠬᠢ ᠰᠠᠭᠤᠭᠰᠠᠨ ᠬᠥᠮᠦᠰ
ᠳᠣᠲᠣᠷ᠎ᠠ ᠨᠢ ᠶᠠᠭᠤᠮ᠎ᠠ ᠬᠢᠳᠡᠭ᠃
ᠴᠠᠭᠠᠨ᠎ᠠ ᠪᠠᠨ ᠡᠯᠳᠡᠪ ᠢ᠋ ᠨᠢᠭᠤᠭᠰᠠᠨ
ᠴᠠᠭᠠᠰᠤᠨ ᠲᠣᠭᠳᠣᠢ ᠶ᠋ᠢ ᠵᠠᠳᠠᠯᠵᠤ
ᠵᠠᠭᠤᠷᠠᠳᠤ ᠶ᠋ᠢᠨ ᠵᠢᠷᠭᠠᠯ ᠳᠠᠭᠤᠰᠤᠭᠰᠠᠨ ᠲᠤᠬᠠᠢ
ᠵᠢᠷᠤᠭᠠᠴᠢ ᠶ᠋ᠢᠨ ᠵᠠᠬᠢᠳᠠᠯ ᠢ᠋ ᠤᠩᠰᠢᠯ᠎ᠠ᠂ ᠵᠠᠮᠪᠠᠭ᠎ᠠ᠁
2
ᠠᠢ᠁ ᠶᠠᠭᠠᠬᠢᠭᠰᠠᠨ ᠬᠡᠴᠡᠭᠦᠦ ᠪᠣᠢ!
ᠠᠬᠢᠨ ᠡᠢᠮᠦ ᠵᠠᠬᠢᠳᠠᠯ ᠢ᠋
ᠬᠡᠵᠢᠶ᠎ᠡ᠂ ᠬᠠᠮᠢᠭ᠎ᠠ ᠴᠤ᠌ ᠭᠡᠰᠡᠨ
ᠬᠡᠨ ᠴᠦ᠍ ᠪᠢᠲᠡᠭᠡᠢ ᠪᠢᠴᠢᠭᠡᠰᠡᠢ!
ᠳᠠᠭᠤᠰᠲᠠᠯ᠎ᠠ ᠤᠩᠰᠢᠭᠠᠳ ᠵᠠᠮᠪᠠᠭ᠎ᠠ
ᠲᠣᠪ ᠳᠤᠭᠤᠢ ᠰᠠᠭᠤᠨ᠎ᠠ᠂
ᠳᠤᠷᠠᠨ ᠬᠠᠷ᠎ᠠ ᠨᠢᠳᠦ ᠨᠢ ᠴᠦ᠍
ᠬᠥᠳᠡᠯᠦᠯ ᠦᠭᠡᠢ ᠰᠢᠷᠳᠡᠨ᠎ᠡ᠃
ᠵᠥᠭᠡᠯᠡᠨ ᠰᠡᠳᠬᠢᠯ ᠦ᠋ᠨ ᠳᠣᠭᠳᠣᠯᠤᠯ
ᠵᠢᠷᠦᠬᠡ ᠮᠡᠳᠡᠷᠡᠯ ᠦ᠋ᠨ ᠳᠣᠯᠭᠢᠰᠤᠯ
ᠦᠨᠡᠲᠡᠢ ᠪᠥᠭᠡᠳ ᠬᠣᠪᠣᠷ ᠭᠡᠵᠦ
ᠦᠨᠡᠨᠴᠢ ᠪᠥᠭᠡᠳ ᠴᠡᠪᠡᠷ ᠭᠡᠵᠦ
ᠠᠢᠬᠤᠪᠲᠤᠷ ᠭᠦᠨᠵᠡᠭᠡᠢ ᠢᠲᠡᠭᠡᠭᠰᠡᠨ
ᠠᠩᠬᠠᠨ ᠤ᠋ ᠬᠢᠨᠢ ᠰᠢᠢᠳᠪᠦᠷᠢ ᠰᠠᠨᠠᠭᠳᠠᠪᠠ᠂
ᠠᠵᠠᠲᠠᠢ᠂ ᠵᠢᠷᠭᠠᠯᠲᠠᠢ ᠶᠠᠪᠤᠭᠰᠠᠨ
ᠠᠷᠪᠠᠭᠠᠳ ᠬᠣᠨᠣᠭ ᠨᠢ ᠪᠣᠳᠣᠭᠳᠠᠪᠠ᠁
ᠳᠠᠰᠤᠭᠰᠠᠨ ᠬᠣᠩᠭᠣᠷ ᠲᠡᠭᠦᠨ ᠲᠡᠢ ᠪᠡᠨ
ᠳᠠᠬᠢᠨ ᠵᠤᠭᠠᠯᠠᠵᠤ ᠶᠠᠪᠤᠨ᠎ᠠ ᠭᠡᠵᠦ
ᠲᠠᠩᠳᠠ ᠪᠡᠶᠡᠰᠦᠨ ᠵᠡᠭᠦᠳᠦᠯᠡᠳᠡᠭ
ᠳᠠᠷᠬᠠᠨ ᠵᠡᠭᠦᠳᠦ ᠨᠢ ᠰᠠᠨᠠᠭᠳᠠᠪᠠ᠁᠂᠂
ᠤᠩᠰᠢᠨ ᠤᠩᠰᠢᠨ ᠰᠠᠭᠤᠬᠤ ᠳ᠋ᠤ᠌
ᠤᠬᠠᠭᠠᠨ ᠰᠠᠨᠠᠭ᠎ᠠ ᠨᠢ ᠢᠲᠡᠭᠡᠬᠦ ᠦᠭᠡᠢ ᠴᠦ᠍
ᠤᠳᠠᠭᠠᠨ ᠪᠣᠯᠲᠠᠯ᠎ᠠ ᠬᠠᠭᠤᠷᠲᠠᠭᠰᠠᠨ
ᠤᠤᠭᠠᠨ ᠬᠠᠢᠷ᠎ᠠ ᠨᠢ ᠳᠣᠩᠰᠣᠯᠪᠠ᠃
ᠡᠪᠦᠯ ᠦ᠋ᠨ ᠲᠡᠷᠡ ᠰᠠᠷ᠎ᠠ ᠨᠤᠭᠤᠳ ᠲᠤ᠌
ᠡᠪᠡᠳᠴᠢᠨ ᠦ᠌ ᠬᠦᠨᠳᠦ ᠶ᠋ᠢ ᠲᠤᠭᠤᠯᠬᠤ ᠳ᠋ᠠᠭᠠᠨ
ᠥᠨᠥᠴᠢᠨ ᠵᠢᠷᠦᠬᠡᠨ ᠦ᠌ ᠬᠠᠢᠷ᠎ᠠ ᠪᠠᠷ
ᠳᠠᠪᠬᠤᠷ ᠵᠣᠪᠠᠵᠤ ᠬᠡᠪᠲᠡᠳᠡᠭ ᠰᠠᠨ᠁
ᠣᠳᠣ ᠲᠡᠷᠡ ᠪᠦᠬᠦᠨ ᠦ᠌
ᠣᠭᠲᠣ ᠬᠣᠭᠣᠰᠣᠨ ᠢ᠋ ᠪᠣᠳᠣᠬᠤ ᠡᠴᠡ
ᠥᠬᠢᠨ ᠬᠥᠮᠦᠨ ᠦ᠌ ᠭᠣᠮᠣᠳᠠᠯ
ᠣᠷᠭᠢᠯᠵᠤ ᠪᠢᠯᠬᠠᠨ ᠳᠦᠭᠦᠷᠴᠦ
ᠲᠡᠷᠡ ᠵᠢᠭᠠᠬᠠᠨ ᠴᠡᠭᠡᠵᠢᠨ ᠳ᠋ᠦ᠍ᠨᠢ
ᠲᠡᠮᠡᠴᠡᠯ ᠬᠢᠮᠤᠷᠠᠯ ᠡᠭᠦᠰᠬᠡᠵᠦ
ᠲᠡᠪᠴᠢᠭᠰᠡᠨ ᠭᠤᠨᠢᠭ ᠤ᠋ᠨ ᠬᠢᠨᠢ ᠲᠥᠯᠥᠨ ᠳ᠋ᠦ᠍
ᠲᠠᠰᠤᠷᠠᠵᠤ ᠣᠷᠬᠢᠪᠠ ᠪᠣᠯᠤᠯᠲᠠᠢ
ᠭᠠᠷ ᠢ᠋ᠶ᠋ᠠᠷ ᠢ᠋ᠶ᠋ᠠᠨ ᠨᠢᠭᠤᠷ ᠢ᠋ᠶ᠋ᠠᠨ ᠲᠠᠭᠯᠠᠨ
ᠭᠠᠭᠴᠠ ᠪᠠᠷ ᠢ᠋ᠶ᠋ᠠᠨ ᠴᠢᠮᠡᠭᠡ ᠦᠭᠡᠢ ᠤᠬᠢᠯᠠᠴᠢᠬᠠᠪᠠ᠂
ᠭᠠᠯᠲᠠᠢ ᠨᠠᠰᠤᠨ ᠤ᠋ ᠬᠢᠨᠢ ᠵᠢᠷᠭᠠᠯ
ᠭᠠᠷᠤᠭᠠᠳ ᠶᠠᠪᠤᠴᠢᠬᠠᠬᠤ ᠰᠢᠭ᠋ ᠰᠠᠨᠠᠭᠳᠠᠪᠠ᠃
3
ᠳᠠᠭᠠᠭᠠᠵᠤ ᠪᠣᠯᠤᠮ᠎ᠠ ᠦᠭᠡᠢ ᠠᠴᠢᠶ᠎ᠠ ᠰᠢᠭ᠋
ᠴᠢᠮᠡᠭᠡ ᠦᠭᠡᠢ ᠮᠥᠴᠡ ᠨᠦ᠍ᠭᠦᠳ ᠤᠯᠠᠷᠢᠨᠠ᠁
ᠳᠠᠩᠴᠤ ᠬᠠᠯᠠᠭᠤᠨ ᠲᠦᠢᠮᠡᠷ
ᠴᠡᠭᠡᠵᠢᠨ ᠳᠤᠮᠳᠠ ᠴᠣᠷᠭᠢᠨ᠎ᠠ᠃
ᠢᠷᠦᠭᠡᠯ ᠲᠡᠭᠦᠰ ᠤᠴᠠᠷᠠᠯ ᠢ᠋ᠶ᠋ᠠᠷ
ᠢᠷᠣᠭᠠᠯ ᠦᠭᠡᠢ ᠳᠠᠰᠤᠯᠴᠠᠭᠰᠠᠨ
ᠬᠣᠯᠠ ᠶ᠋ᠢᠨ ᠲᠡᠷᠡ ᠨᠢᠭᠡ ᠬᠣᠨᠣᠭ ᠤ᠋ᠳ
ᠬᠣᠭᠣᠰᠣᠨ ᠵᠡᠭᠦᠳᠦ ᠰᠢᠭ ᠠᠷᠢᠯᠬᠤ ᠳ᠋ᠤ᠌
ᠡᠷᠭᠢᠵᠦ ᠢᠷᠡᠭᠰᠡᠨ ᠨᠥᠬᠥᠳ ᠦ᠋ᠨ ᠬᠢᠨᠢ
ᠡᠶᠡᠯᠳᠡᠭ ᠶᠠᠷᠢᠶ᠎ᠠ ᠴᠤ᠌ ᠰᠡᠷᠭᠦᠭᠡᠭᠰᠡᠨ ᠦᠭᠡᠢ
ᠡᠮᠡᠭᠡᠨ ᠪᠤᠭᠤᠷᠤᠯ ᠡᠵᠢ ᠶ᠋ᠢᠨ ᠬᠢᠨᠢ
ᠡᠩᠬᠦᠷᠡᠢ ᠬᠠᠢᠷ᠎ᠠ ᠴᠤ᠌ ᠲᠤᠰᠠᠯᠠᠭᠰᠠᠨ ᠦᠭᠡᠢ
ᠠᠯᠠᠭ ᠬᠣᠶᠠᠷ ᠨᠢᠳᠦᠨ ᠳ᠋ᠡᠭᠡᠨ
ᠠᠷᠠᠴᠢ ᠦᠭᠡᠢ ᠨᠢᠯᠪᠤᠰᠤ ᠪᠠᠨ ᠳᠠᠯᠳᠠᠯᠠᠵᠤ
ᠠᠲᠠᠷ ᠵᠠᠯᠠᠭᠤ ᠰᠡᠳᠬᠢᠯ ᠳ᠋ᠡᠭᠡᠨ
ᠠᠶᠤᠮᠠᠷ ᠨᠢᠭᠤᠴᠠ ᠶ᠋ᠢ ᠬᠠᠳᠠᠭᠠᠯᠠᠯ᠎ᠠ᠁
※※※
《ᠶᠠᠭᠤ ᠭᠡᠰᠡᠨ ᠦᠭᠡ ᠪᠣᠢ᠂ ᠵᠠᠮᠪᠠᠭ᠎ᠠ!
ᠶᠠᠭᠤᠨ ᠳ᠋ᠤ᠌ ᠲᠡᠭᠡᠵᠦ ᠪᠣᠳᠣᠨ᠎ᠠ ᠪᠣᠢ᠂ ᠪᠣᠯᠬᠤ ᠦᠭᠡᠢ!
ᠬᠠᠲᠠᠭᠤ ᠪᠦᠬᠦᠨ ᠢ᠋ ᠵᠠᠳᠠ ᠨᠢᠷᠭᠡᠬᠦ
ᠬᠠᠪᠤᠲᠠᠢ ᠵᠠᠯᠠᠭᠤ ᠨᠠᠰᠤ ᠴᠢᠨᠢ ᠶᠠᠭᠠᠬᠢᠪᠠ⁈
ᠢᠷᠡᠭᠡᠳᠦᠢ ᠶ᠋ᠢᠨ ᠲᠥᠯᠥᠭᠡ ᠥᠰᠦᠭᠡᠳ
ᠡᠢᠮᠦ ᠨᠡᠢᠭᠡᠮ ᠳ᠋ᠦ᠍ ᠲᠥᠷᠥᠭᠡᠳ
ᠶᠠᠭᠤᠨ ᠤ᠋ ᠴᠤ᠌ ᠳᠤᠬᠤᠨ ᠳ᠋ᠤ᠌ ᠬᠥᠷᠥᠯ ᠦᠭᠡᠢ
ᠶᠠᠭᠤ ᠭᠡᠰᠡᠨ ᠦᠭᠡ ᠪᠣᠢ ᠵᠠᠮᠪᠠᠭ᠎ᠠ ᠡ 》ᠭᠡᠵᠦ
ᠤᠭᠤᠷᠠᠭ ᠲᠠᠷᠢᠬᠢᠨ ᠳᠤᠮᠳᠠ ᠨᠢ
ᠨᠢᠭᠡ ᠶᠠᠭᠤᠮ᠎ᠠ ᠰᠢᠪᠡᠭᠡᠨᠡᠬᠦ ᠰᠢᠭ
ᠤᠴᠢᠷᠯᠠᠵᠤ ᠬᠡᠰᠡᠭ ᠪᠣᠳᠣᠪᠠᠯ
ᠨᠡᠭᠡᠷᠡᠨ ᠦᠨᠡᠨ ᠴᠦ᠍ ᠶᠤᠮ ᠰᠢᠭ᠁
《ᠭᠡᠪᠡᠴᠦ ᠪᠢ ᠠᠮᠢᠳᠤ ᠪᠠᠢᠭᠠᠳ
ᠭᠡᠭᠡᠨ ᠬᠣᠷᠸ᠎ᠠ ᠳ᠋ᠤ᠌ ᠶᠠᠭᠤ ᠪᠠᠨ ᠬᠢᠬᠦ ᠶᠤᠮ ᠪᠣᠢ⁈
ᠭᠡᠶᠦᠷᠡᠭᠰᠡᠨ ᠪᠣᠳᠣᠯ ᠢ᠋ᠶ᠋ᠠᠷ ᠬᠠᠳᠠᠨ ᠰᠢᠨᠠᠯᠵᠤ
ᠭᠡᠷ ᠦ᠋ᠨ ᠮᠤᠬᠤᠷ ᠲᠤ᠌ ᠭᠠᠭᠴᠠ ᠪᠠᠷ ᠵᠥᠨᠥᠬᠦ ᠤᠤ?
ᠠᠢ᠂ ᠭᠣᠷᠢ ᠦᠭᠡᠢ ᠬᠡᠵᠢᠶ᠎ᠡ ᠪᠣᠯᠲᠠᠯ᠎ᠠ
ᠠᠮᠢᠳᠤ ᠰᠠᠭᠤᠵᠤ᠂ ᠬᠡᠨ ᠢ᠋ ᠬᠦᠯᠢᠶᠡᠬᠦ ᠪᠣᠢ?
ᠠᠵᠢᠯᠯᠠᠬᠤ ᠴᠢᠳᠠᠯ ᠢ᠋ ᠬᠠᠮᠢᠭ᠎ᠠ ᠡᠴᠡ ᠣᠯᠬᠤ ᠪᠣᠢ?
ᠠᠪᠰᠠᠨ ᠳ᠋ᠤ᠌ ᠣᠷᠣᠬᠤ ᠡᠴᠡ ᠥᠭᠡᠷ᠎ᠡ ᠶᠠᠭᠠᠬᠢᠬᠤ ᠪᠣᠢ?》
ᠢᠯᠴᠢᠲᠦ ᠬᠠᠯᠠᠭᠤᠨ ᠰᠡᠳᠬᠢᠯ ᠳᠣᠲᠣᠷ᠎ᠠ ᠪᠠᠨ
ᠡᠢᠮᠦ ᠪᠣᠳᠣᠯ ᠢ᠋ ᠨᠢᠭᠤᠴᠠᠯᠠᠨ ᠰᠡᠳᠬᠢᠵᠦ
ᠢᠳᠡᠷ ᠵᠠᠯᠠᠭᠤ ᠵᠠᠮᠪᠠᠭ᠎ᠠ ᠬᠡᠦᠬᠡᠨ
ᠲᠣᠪ ᠳᠤᠭᠤᠢ᠂ ᠵᠣᠷᠢᠮᠠᠭ ᠰᠠᠭᠤᠨ᠎ᠠ᠁
4
ᠪᠡᠯᠴᠢᠵᠦ ᠪᠠᠢᠭᠰᠠᠨ ᠰᠡᠳᠬᠢᠯ ᠦ᠋ᠨ
ᠪᠢᠰᠢ ᠬᠣᠯᠠ ᠶ᠋ᠢᠨ ᠦᠵᠦᠭᠦᠷ ᠢ᠋
ᠪᠢᠯᠢᠭᠦᠨ ᠨᠢᠳᠦ ᠪᠡᠷ ᠬᠠᠷᠠᠬᠤ
ᠪᠢᠯᠢᠭ ᠴᠢᠳᠠᠯ ᠪᠦᠷᠢᠳᠦᠭᠡ ᠦᠭᠡᠢ
ᠬᠥᠭᠡᠷᠦᠬᠦᠢ ᠪᠦᠰᠡᠭᠦᠢ ᠶ᠋ᠢᠨ ᠵᠣᠪᠠᠯᠠᠩ ᠢ᠋
ᠬᠥᠨᠳᠡᠯᠡᠨ ᠡᠴᠡ ᠬᠠᠷᠠᠵᠤ ᠲᠡᠪᠴᠢᠬᠦ ᠦᠭᠡᠢ ᠨᠢ
ᠣᠷᠬᠢᠭᠰᠠᠨ ᠨᠢᠭᠡ ᠬᠥᠮᠦᠨ ᠢ᠋
ᠣᠳᠣ ᠡᠷᠭᠢᠵᠦ ᠬᠠᠷᠠᠶ᠎ᠠ ᠪᠠᠢᠵᠠ᠁
※※※
ᠠᠲᠠᠷ ᠭᠠᠵᠠᠷ ᠤ᠋ᠨ ᠬᠥᠷᠥᠰᠥᠨ ᠳ᠋ᠦ᠍
ᠠᠩᠬ᠎ᠠ ᠪᠣᠰᠤᠭᠰᠠᠨ ᠲᠣᠰᠬᠣᠨ ᠰᠢᠭ᠋
ᠠᠬᠤᠢ ᠰᠡᠳᠬᠢᠯ ᠢ᠋ ᠰᠡᠷᠡᠭᠡᠭᠰᠡᠨ
ᠠᠩᠬᠠᠨ ᠤ᠋ ᠳᠤᠷᠠᠯᠠᠯ ᠤᠨᠲᠠᠷᠠᠳᠠᠭ ᠦᠭᠡᠢ
ᠪᠤᠭᠤᠷᠤᠯ ᠨᠠᠰᠤᠨ ᠪᠣᠯᠤᠭᠰᠠᠨ ᠴᠦ᠍
ᠪᠤᠴᠠᠨ ᠪᠤᠴᠠᠨ ᠳᠤᠷᠠᠰᠴᠤ
ᠬᠠᠯᠠᠭᠤᠨ ᠰᠢᠷᠬ᠎ᠠ ᠨᠢ ᠠᠨᠢᠯ ᠦᠭᠡᠢ
ᠬᠠᠮᠲᠤ ᠬᠣᠵᠢᠮ ᠨᠥᠭᠴᠢᠳᠡᠭ ᠶᠤᠮ᠃
ᠡᠳᠦᠷ ᠬᠣᠨᠣᠭ ᠥᠩᠭᠡᠷᠡᠵᠦ
ᠡᠪᠦᠯ ᠵᠤᠨ ᠰᠣᠯᠢᠭᠳᠠᠪᠠᠴᠤ
ᠵᠠᠮᠪᠠᠭ᠎ᠠ ᠭᠡᠳᠡᠭ ᠨᠡᠷ᠎ᠡ ᠶ᠋ᠢ
ᠵᠠᠯᠠᠭᠤ ᠲᠡᠭᠰᠢ ᠮᠠᠷᠲᠠᠭᠰᠠᠨ ᠦᠭᠡᠢ᠁
ᠤᠶᠠᠨ ᠵᠥᠭᠡᠯᠡᠨ ᠰᠡᠳᠬᠢᠯ ᠦ᠋ᠨ
ᠤᠢᠮᠤᠷᠠᠭᠠ ᠪᠣᠳᠣᠯ ᠳ᠋ᠤ᠌ ᠠᠪᠲᠠᠵᠤ
ᠤᠰᠤᠨ ᠤ᠋ ᠡᠷᠭᠢ ᠶ᠋ᠢᠨ ᠪᠤᠷᠭᠠᠰᠤᠨ ᠳ᠋ᠤ᠌
ᠤᠶᠠᠷᠠᠨ ᠳᠠᠭᠤᠯᠠᠭᠰᠠᠨ ᠦᠳᠡᠰᠢ ᠨᠦ᠍ᠭᠦᠳ
ᠪᠠᠭ᠎ᠠ ᠶ᠋ᠢᠨ ᠰᠠᠢᠬᠠᠨ ᠵᠡᠭᠦᠳᠦ ᠰᠢᠭ
ᠪᠠᠷ᠎ᠠ ᠳᠣᠷᠣᠭᠣ ᠦᠭᠡᠢ ᠠᠷᠢᠯᠪᠠᠴᠤ
ᠰᠠᠯᠬᠢᠪᠴᠢ ᠴᠣᠩᠬᠣ ᠪᠠᠷ ᠢ᠋ᠶ᠋ᠠᠨ ᠲᠡᠷᠡ
ᠰᠠᠨᠠᠮᠰᠠᠷ ᠦᠭᠡᠢ ᠬᠠᠷᠠᠨ᠎ᠠ᠁
ᠡᠳᠦᠷ ᠪᠦᠬᠦᠨ ᠲᠡᠭᠡᠵᠦ
ᠥᠪᠡᠷ ᠦ᠋ᠨ ᠡᠷᠬᠡ ᠦᠭᠡᠢ ᠬᠠᠷᠠᠬᠤ ᠳ᠋ᠤ᠌
ᠪᠦᠰᠡᠭᠦᠢ ᠵᠠᠮᠪᠠᠭ᠎ᠠ ᠶ᠋ᠢᠨ ᠪᠠᠢᠰᠢᠩ
ᠪᠦᠬᠦᠨ ᠡᠴᠡ ᠲᠦᠷᠦᠭᠦᠨ ᠳ᠋ᠦ᠍ ᠦᠵᠡᠭᠳᠡᠨᠡᠮ᠃
《ᠴᠢᠨᠦ ᠲᠥᠯᠥᠭᠡ ᠡᠭᠦᠰᠦᠭᠰᠡᠨ
ᠴᠢᠩ ᠰᠡᠳᠬᠢᠯ ᠦ᠋ᠨ ᠵᠣᠪᠠᠯᠠᠩ ᠢ᠋
ᠮᠥᠴᠡ ᠶ᠋ᠢᠨ ᠲᠡᠳᠦᠢ ᠴᠦ᠍ ᠪᠣᠯ ᠮᠠᠷᠲᠠᠬᠤ ᠭᠡᠵᠦ
ᠮᠥᠨ ᠴᠦ᠍ ᠶᠡᠬᠡ ᠵᠣᠪᠠᠵᠠᠢ ᠳᠠ ᠪᠢ!
ᠡᠯᠢᠭᠡ ᠵᠢᠷᠦᠬᠡᠨ ᠳ᠋ᠡᠭᠡᠨ ᠨᠢᠭᠤᠭᠰᠠᠨ
ᠡᠨᠡ ᠶᠡᠬᠡ ᠶᠠᠳᠠᠷᠠᠯ ᠢ᠋ ᠮᠢᠨᠢ
ᠬᠡᠵᠢᠶ᠎ᠡ ᠬᠣᠢᠨ᠎ᠠ ᠴᠦ᠍ ᠭᠡᠰᠡᠨ ᠴᠢ
ᠬᠡᠷᠡᠭᠰᠡᠵᠦ ᠦᠵᠡᠬᠦ ᠪᠣᠯ ᠤᠤ ᠳᠠ?》
ᠲᠡᠭᠰᠢ ᠢᠩᠭᠢᠵᠦ ᠪᠣᠳᠣᠭᠰᠠᠭᠠᠷ
ᠥᠷᠥᠭᠡᠨ ᠳ᠋ᠡᠭᠡᠨ ᠭᠠᠭᠴᠠ ᠪᠠᠷ ᠯᠠ ᠰᠠᠭᠤᠨ᠎ᠠ᠂
ᠲᠡᠷᠡ ᠨᠠᠮᠤᠷ ᠡᠴᠡ ᠬᠣᠢᠰᠢ
ᠥᠭᠡᠷᠡᠴᠢᠯᠡᠭᠳᠡᠭᠰᠡᠨ ᠶᠠᠭᠤᠮ᠎ᠠ ᠦᠭᠡᠢ ᠰᠢᠪ ᠳᠡ ?
ᠦᠷᠦᠭᠴᠢ ᠶ᠋ᠢᠨ ᠮᠡᠷᠭᠡᠵᠢᠯ ᠡᠵᠡᠮᠰᠢᠵᠦ
ᠥᠨᠳᠥᠷ ᠪᠠᠷᠢᠯᠭ᠎ᠠ ᠪᠣᠰᠬᠠᠯᠴᠠᠵᠤ
ᠥᠷᠯᠥᠭᠡᠨ ᠡᠴᠡ ᠣᠷᠣᠢ ᠬᠦᠷᠲᠡᠯ᠎ᠡ
ᠥᠪᠡᠷ ᠲᠦ᠍ ᠣᠨᠣᠭᠳᠠᠭᠰᠠᠨ ᠢ᠋ᠶ᠋ᠠᠨ ᠯᠠ ᠬᠢᠳᠡᠭ
ᠡᠭᠦᠪᠡᠷ ᠲᠡᠭᠦᠪᠡᠷ ᠴᠦ᠍ ᠬᠡᠰᠦᠳᠡᠭ ᠦᠭᠡᠢ
ᠦᠭᠡ ᠶᠠᠷᠢᠶ᠎ᠠ ᠴᠦ᠍ ᠳᠡᠯᠭᠡᠳᠡᠭ ᠦᠭᠡᠢ
ᠲᠠᠰᠤᠯᠭᠠᠨ ᠳᠣᠲᠣᠷ᠎ᠠ ᠪᠠᠨ ᠯᠠ ᠭᠣᠣᠯᠳᠠᠭᠤ
ᠲᠠᠭ ᠴᠢᠭ ᠰᠠᠭᠤᠳᠠᠭ ᠬᠥᠮᠦᠨ ᠳᠡ᠃
ᠤᠯᠤᠰ ᠠᠮᠢᠲᠠᠨ ᠡᠴᠡ ᠨᠢᠭᠤᠴᠠᠭᠠᠢᠬᠠᠨ
ᠤᠷᠲᠤ ᠶ᠋ᠢᠨ ᠳᠠᠭᠤᠤ ᠠᠶᠠᠯᠳᠠᠭ
ᠤᠷᠠᠨ ᠵᠣᠬᠢᠶᠠᠯ ᠤ᠋ᠨ ᠰᠡᠳᠬᠦᠯ
ᠤᠩᠰᠢᠵᠤ ᠰᠠᠭᠤᠬᠤ ᠳᠤᠷᠠᠲᠠᠢ᠃
ᠱᠠᠯᠠᠨ ᠳᠡᠭᠡᠷ᠎ᠡ ᠪᠡᠨ ᠰᠢᠷᠦᠢᠲᠠᠢᠬᠠᠨ
ᠱᠠᠵᠠᠩ ᠳᠣᠲᠣᠷ᠎ᠠ ᠪᠠᠨ ᠰᠢᠪᠬᠠᠷᠤᠤᠳᠠᠢᠬᠠᠨ
ᠬᠠᠶᠠ ᠭᠡᠷ ᠢ᠋ᠶ᠋ᠡᠨ ᠴᠡᠪᠡᠷᠯᠡᠭᠰᠡᠭᠡᠷ ᠯᠡ
ᠬᠠᠢᠩᠭᠤᠲᠠ ᠮᠠᠶ᠋ᠢᠭ ᠢ᠋ᠶ᠋ᠠᠷ ᠪᠠᠢᠳᠠᠭ ᠬᠥᠮᠦᠨ ᠳᠡ᠃
ᠥᠨᠥᠳᠥᠷ ᠨᠢᠮ᠎ᠠ ᠭᠠᠷᠠᠭ
ᠥᠷᠯᠥᠭᠡᠨ ᠡᠴᠡ ᠬᠣᠢᠰᠢ ᠲᠡᠭᠰᠢ
ᠴᠣᠮᠣᠷᠯᠢᠭ ᠰᠡᠳᠬᠦᠯ ᠤᠩᠰᠢᠭᠠᠳ
ᠴᠣᠩᠬᠣᠨ ᠤ᠋ ᠳᠡᠷᠭᠡᠳᠡ ᠰᠠᠭᠤᠭᠰᠠᠭᠠᠷ
ᠪᠦᠷᠦᠢ ᠪᠣᠯᠬᠤ ᠶ᠋ᠢᠨ ᠦᠶ᠎ᠡ ᠪᠡᠷ
ᠪᠦᠰᠡᠭᠦᠢ ᠵᠠᠮᠪᠠᠭ᠎ᠠ ᠭᠠᠷᠤᠭᠠᠳ
ᠬᠣᠶᠠᠷ ᠲᠠᠶᠠᠭ ᠢ᠋ᠶ᠋ᠠᠨ ᠲᠤᠯᠤᠭᠰᠠᠭᠠᠷ
ᠬᠣᠯᠠᠳᠴᠤ ᠶᠠᠪᠤᠬᠤ ᠶ᠋ᠢ ᠨᠢ ᠬᠠᠷᠠᠯ᠎ᠠ᠃
《ᠬᠠᠷᠠᠩᠭᠤᠢ ᠪᠣᠯᠵᠤ ᠪᠠᠢᠬᠤ ᠳ᠋ᠤ᠌
ᠬᠠᠮᠢᠭ᠎ᠠ ᠣᠴᠢᠬᠤ ᠨᠢ ᠪᠣᠢ᠂ ᠲᠩᠷᠢ ᠶ᠋ᠢᠨ ᠮᠠᠭᠤᠬᠠᠢ ᠳ᠋ᠤ᠌?》
ᠭᠡᠵᠦ ᠲᠡᠭᠰᠢ ᠭᠠᠢᠬᠠᠨ᠎ᠠ
ᠭᠡᠨᠡᠳᠲᠡᠬᠡᠨ ᠨᠣᠮ ᠢ᠋ᠶ᠋ᠠᠨ ᠬᠠᠮᠬᠢᠨᠠ᠁
5
ᠪᠦᠲᠦᠨ ᠰᠠᠢᠨ ᠤ᠋ ᠥᠷᠯᠥᠭᠡ
ᠪᠦᠰᠡᠭᠦᠢ ᠵᠠᠮᠪᠠᠭ᠎ᠠ ᠶ᠋ᠢᠨ ᠥᠷᠥᠭᠡᠨ ᠳ᠋ᠦ᠍
ᠶᠠᠮᠠᠷ ᠰᠢᠦ ᠡᠳᠦᠷ ᠡᠬᠢᠯᠡᠭᠰᠡᠨ ᠢ᠋
ᠶᠠᠷᠢᠵᠤ ᠥᠭᠬᠦ ᠤᠤ᠂ ᠲᠠ ᠨᠠᠷ ᠲᠤ᠌
ᠵᠠᠮᠪᠠᠭ᠎ᠠ ᠨᠣᠢᠷ ᠦᠭᠡᠢ ᠬᠣᠨᠣᠵᠠᠢ
ᠵᠠᠢᠯᠠᠭᠤᠯ᠂ ᠣᠳᠣ ᠪᠣᠰᠴᠤ ᠪᠠᠢᠨ᠎ᠠ᠁
ᠬᠠᠢᠩᠭᠤᠳᠠ ᠮᠠᠶ᠋ᠢᠭ ᠢ᠋ᠶ᠋ᠠᠷ ᠬᠤᠪᠴᠠᠰᠤᠯᠠᠭᠠᠳ
ᠬᠠᠭᠠᠰ ᠳᠤᠲᠠᠭᠤ ᠴᠡᠢᠯᠡᠵᠦ ᠪᠠᠢᠨ᠎ᠠ᠁
ᠬᠣᠶᠠᠷ ᠲᠠᠶᠠᠭ ᠢ᠋ᠶ᠋ᠠᠨ ᠲᠤᠯᠤᠭᠰᠠᠭᠠᠷ
ᠬᠣᠢᠰᠢ ᠣᠷᠣᠭᠰᠢ ᠪᠠᠨ ᠬᠣᠯᠬᠢᠵᠤ
ᠲᠣᠭᠣᠷᠢᠭ ᠲᠣᠯᠢᠨ ᠤ᠋ ᠪᠠᠨ ᠡᠮᠦᠨ᠎ᠡ
ᠳᠤᠷᠠᠲᠠᠢ ᠳᠤᠷ᠎ᠠ ᠦᠭᠡᠢ ᠵᠣᠭᠰᠣᠪᠠ᠁
ᠥᠬᠢᠨ ᠦ᠌ ᠵᠥᠭᠡᠯᠡᠨ ᠢᠨᠢᠶᠡᠮᠰᠦᠭᠯᠡᠯ ᠢ᠋
ᠣᠳᠣ ᠪᠣᠯᠲᠠᠯ᠎ᠠ ᠬᠠᠳᠠᠭᠠᠯᠠᠭᠰᠠᠨ
ᠵᠤᠵᠠᠭᠠᠨ ᠤᠯᠠᠭᠠᠨ ᠤᠷᠤᠭᠤᠯ ᠤ᠋ᠨ ᠬᠢᠨᠢ
ᠵᠤᠷᠪᠤᠰ ᠨᠤᠭᠤᠯᠤᠭ᠎ᠠ ᠬᠦᠷᠲᠡᠯ᠎ᠡ
ᠨᠢᠭᠤᠴᠠᠬᠠᠶ ᠭᠠᠭᠴᠠ ᠪᠠᠷ ᠤᠬᠢᠯᠠᠭᠰᠠᠨ ᠤ᠋
ᠨᠢᠯᠪᠤᠰᠤ ᠭᠢᠯᠦᠢᠵᠦ ᠬᠠᠲᠠᠭᠰᠠᠨ
ᠳᠠᠪᠬᠤᠷᠠᠲᠤ ᠠᠯᠠᠭ ᠨᠢᠳᠦᠨ ᠦ᠌ ᠬᠢᠨᠢ
ᠳᠣᠣᠷᠠᠲᠤ ᠵᠣᠪᠬᠢ ᠴᠦ᠍ ᠭᠡᠰᠡᠨ
ᠵᠢᠵᠢᠭ ᠰᠢᠯᠤᠭᠤᠨ ᠬᠠᠮᠠᠷ
ᠵᠢᠭᠳᠡ ᠬᠣᠶᠠᠷ ᠬᠥᠮᠥᠰᠬᠡ
ᠨᠠᠷᠢᠨ ᠦᠷᠴᠢᠯᠡᠭᠡ ᠴᠦ᠍ ᠭᠠᠷᠤᠭ᠎ᠠ ᠦᠭᠡᠢ
ᠨᠠᠮᠬᠠᠨ ᠲᠥᠮᠪᠥᠭᠡᠷ ᠳᠤᠬᠤ ᠨᠢ ᠴᠦ᠍
ᠵᠢᠷ ᠦ᠋ᠨ ᠪᠠᠢᠲᠠᠯ᠎ᠠ ᠪᠠᠨ ᠪᠦᠷᠦᠭ
ᠵᠢᠭᠲᠡᠢᠬᠡᠨ ᠤᠢᠳᠬᠠᠷ ᠲᠠᠢ ᠬᠠᠷᠠᠭᠳᠠᠨ᠎ᠠ᠂
ᠰᠠᠮᠨᠠᠵᠤ ᠵᠠᠰᠠᠭ᠎ᠠ ᠦᠭᠡᠢ ᠦᠰᠦ ᠨᠢ
ᠰᠠᠭᠰᠠᠢᠵᠤ ᠵᠢᠭᠠᠬᠠᠨ ᠡᠭᠡᠳᠡᠷᠡᠨᠡ᠃
ᠥᠩᠭᠡᠷᠡᠭᠰᠡᠨ ᠰᠠᠢᠬᠠᠨ ᠤ᠋ ᠲᠤᠬᠠᠢ
ᠡᠬᠢᠨ ᠦ᠌ ᠳᠤᠷᠠᠯᠠᠯ ᠤ᠋ᠨ ᠲᠤᠬᠠᠢ
ᠥᠴᠥᠭᠡᠳᠦᠷ ᠦ᠋ᠨ ᠠᠶᠤᠮᠰᠢᠭᠲᠤ ᠪᠣᠳᠣᠯ ᠢ᠋
ᠡᠷᠭᠢᠴᠡᠭᠦᠯᠵᠦ ᠳᠠᠬᠢᠨ ᠰᠡᠳᠬᠢᠪᠡ᠁
《ᠬᠦᠢᠲᠡᠨ ᠬᠠᠯᠠᠭᠤᠨ ᠡᠴᠡ ᠠᠷᠠᠴᠢᠯᠠᠵᠤ
ᠬᠥᠮᠦᠨ ᠦ᠌ ᠵᠡᠷᠭᠡ ᠳ᠋ᠦ᠍ ᠬᠦᠷᠭᠡᠭᠰᠡᠨ
ᠠᠪᠤ ᠡᠵᠢ ᠶ᠋ᠢᠨ ᠢ᠋ᠶ᠋ᠡᠨ ᠵᠢᠳᠬᠦᠯ ᠢ᠋
ᠠᠯᠲᠠᠨ ᠡᠴᠡ ᠦᠨᠡᠲᠡᠢ ᠰᠡᠳᠬᠢᠯ ᠢ᠋
ᠦᠬᠦᠯ ᠦ᠋ᠨ ᠬᠦᠨᠳᠦ ᠭᠠᠰᠢᠭᠤᠳᠠᠯ ᠢ᠋ᠶ᠋ᠠᠷ
ᠦᠷ᠎ᠡ ᠨᠢ ᠬᠠᠷᠢᠭᠤᠯᠠᠵᠤ ᠪᠣᠯᠬᠤ ᠤᠤ?
ᠪᠣᠯᠬᠤ ᠪᠠᠢᠭᠰᠠᠨ ᠶᠤᠮ ᠪᠣᠯ
ᠪᠣᠢᠵᠢᠭᠤᠯᠵᠤ ᠶᠠᠭᠤᠨ ᠳ᠋ᠤ᠌ ᠥᠰᠬᠡᠬᠦ ᠪᠣᠢ?
ᠡᠬᠡ ᠣᠷᠣᠨ ᠤ᠋ ᠪᠠᠨ ᠬᠥᠭᠵᠢᠯ ᠢ᠋
ᠡᠯᠪᠡᠵᠦ ᠪᠣᠰᠬᠠᠯᠴᠠᠬᠤ ᠪᠠᠢᠲᠤᠭᠠᠢ
ᠢᠯᠠᠭᠤᠭᠰᠠᠨ ᠮᠠᠷᠭᠠᠰᠢ ᠶ᠋ᠢ ᠨᠢ ᠦᠵᠡᠯ ᠦᠭᠡᠢ
ᠶᠠᠪᠤᠭᠠᠳ ᠥᠭᠬᠦ ᠭᠡᠵᠦ ᠤᠤ?
ᠬᠠᠮᠤᠭ ᠨᠠᠰᠤ ᠪᠠᠷ ᠢ᠋ᠶ᠋ᠠᠨ ᠬᠥᠮᠦᠨ
ᠬᠠᠷᠠᠵᠤ ᠦᠵᠡᠵᠦ ᠬᠠᠨᠳᠠᠭ ᠦᠭᠡᠢ
ᠣᠷᠴᠢᠯᠠᠩ ᠤ᠋ᠨ ᠭᠤᠸ᠎ᠠ ᠴᠢᠷᠠᠢ ᠶ᠋ᠢ
ᠣᠷᠬᠢᠭᠠᠳ ᠠᠷᠢᠯᠬᠤ ᠭᠡᠵᠦ ᠤᠤ ?》
ᠵᠠᠮᠪᠠᠭ᠎ᠠ ᠢᠩᠭᠢᠵᠦ ᠪᠣᠳᠣᠭᠠᠳ
ᠴᠣᠩᠬᠣ ᠪᠠᠷ ᠭᠠᠳᠠᠭᠰᠢ ᠬᠠᠷᠠᠨ᠎ᠠ
ᠵᠠᠮ ᠭᠦᠦᠷ᠂ ᠠᠭᠤᠯᠠ ᠤᠰᠤ
ᠴᠣᠭᠴᠠᠯᠠᠵᠤ ᠪᠣᠰᠤᠭᠰᠠᠨ ᠪᠠᠢᠰᠢᠩ
ᠲᠡᠷᠲᠡᠭᠡ ᠳ᠋ᠦ᠍ ᠬᠥᠨᠳᠡᠯᠢᠳᠦᠨ ᠪᠠᠢᠬᠤ
ᠪᠠᠷᠤᠭᠠᠷ ᠠᠭᠤᠯᠠᠰ ᠬᠠᠷᠠᠭᠳᠠᠨ᠎ᠠ᠂
ᠲᠩᠷᠢ ᠪᠡᠷ ᠨᠡᠭᠦᠵᠦ ᠶᠠᠪᠤᠭ᠎ᠠ
ᠪᠠᠷᠠᠭᠠᠨ ᠡᠭᠦᠯᠡ ᠦᠵᠡᠭᠳᠡᠨ᠎ᠡ᠃
ᠬᠠᠮᠢᠭ᠎ᠠ ᠴᠦ᠍ ᠶᠤᠮ ᠪᠣᠢ ᠲᠡᠮᠦᠷ
ᠬᠠᠩᠭᠢᠨᠠᠵᠤ ᠪᠠᠢᠭ᠎ᠠ ᠰᠣᠨᠣᠰᠳᠠᠨ᠎ᠠ᠂
ᠬᠠᠪᠤᠷ ᠤ᠋ᠨ ᠬᠦᠢᠲᠡᠨ ᠬᠠᠪᠰᠠᠷᠭ᠎ᠠ
ᠦᠯᠢᠶᠡᠵᠦ ᠪᠠᠢᠭ᠎ᠠ ᠳᠤᠭᠤᠯᠳᠠᠨ᠎ᠠ᠃
ᠡᠭᠦᠯᠡᠨ ᠴᠤᠭᠤᠷᠬᠠᠢ ᠪᠠᠷ ᠨᠠᠷᠠ
ᠦᠶ᠎ᠡ ᠦᠶ᠎ᠡ ᠭᠡᠢᠭᠦᠯᠵᠦ
ᠠᠯᠠᠭ ᠲᠤᠷᠯᠢᠶᠠᠬ᠎ᠠ ᠪᠠᠷᠬᠢᠷᠠᠯᠳᠤᠨ
ᠠᠯᠤᠰ ᠲᠠᠢᠰᠢ ᠪᠠᠨ ᠨᠢᠰᠦᠯᠳᠦᠨ᠎ᠡ᠁
ᠬᠣᠷᠸ᠎ᠠ ᠭᠡᠳᠡᠭ ᠡᠨᠡ ᠳᠡ ᠁ ᠭᠡᠵᠦ
ᠬᠣᠩᠭᠣᠷ ᠵᠠᠮᠪᠠᠭ᠎ᠠ ᠰᠢᠪᠡᠭᠡᠨᠡᠵᠦ
ᠤᠢᠳᠬᠠᠷ ᠭᠤᠨᠢᠭ ᠤ᠋ᠨ ᠨᠢᠳᠦ ᠪᠡᠷ
ᠤᠳᠠᠲᠠᠯ᠎ᠠ ᠭᠥᠯᠢᠷᠡᠨ ᠰᠠᠭᠤᠯ᠎ᠠ᠃
《ᠬᠣᠷᠸ᠎ᠠ》ᠭᠡᠳᠡᠭ ᠡᠨᠡ ᠳᠡ
ᠬᠣᠭᠣᠰᠣᠨ ᠯᠠ ᠦᠵᠡᠮᠵᠢ ᠶᠤᠮ ᠳᠡ
ᠲᠡᠰᠬᠡᠯ ᠦᠭᠡᠢ ᠬᠦᠰᠡᠯ ᠢ᠋ ᠲᠥᠷᠥᠭᠦᠯᠳᠡᠭ
ᠲᠡᠷᠡ ᠨᠢᠭᠤᠴᠠ ᠨᠢ ᠬᠠᠮᠢᠭ᠎ᠠ ᠪᠠᠢᠨ᠎ᠠ ᠪᠣᠢ?᠁
ᠬᠠᠪᠰᠠᠷᠭ᠎ᠠ ᠲᠤᠷᠯᠢᠶᠠᠬ᠎ᠠ ᠬᠣᠶᠠᠷ ᠤᠤ?
ᠬᠠᠩᠭᠢᠨᠠᠵᠤ ᠪᠠᠢᠭ᠎ᠠ ᠲᠡᠮᠦᠷ ᠤᠤ?
ᠬᠠᠶᠠᠭᠠᠳ ᠶᠠᠪᠤᠴᠢᠬᠠᠭᠰᠠᠨ ᠵᠠᠮᠪᠠᠯ ᠤᠤ ?
ᠬᠠᠮᠢᠭ᠎ᠠ ᠪᠠᠢᠨ᠎ᠠ?᠁ ᠵᠠ ᠶᠠᠭᠠᠬᠢᠬᠤ ᠪᠣᠢ᠂
ᠦᠷᠡᠵᠢᠯᠲᠦ ᠳᠡᠯᠡᠬᠡᠢ ᠴᠢᠨᠦ
ᠦᠷᠴᠢᠯᠡᠭᠡᠲᠦ ᠪᠠᠶᠠᠨ ᠬᠥᠷᠥᠰᠥᠨ ᠳ᠋ᠦ᠍
ᠦᠢᠮᠡᠭᠡᠨ ᠱᠤᠤᠭᠢᠶᠠᠨᠲᠤ ᠮᠥᠷ ᠢ᠋ᠶ᠋ᠡᠨ
ᠦᠯᠡᠳᠡᠭᠡᠵᠦ ᠶᠠᠪᠤᠬᠤ ᠶ᠋ᠢᠨ ᠴᠠᠭ ᠲᠠᠭᠠᠨ
ᠪᠤᠯᠴᠢᠩ ᠳᠤᠮᠳᠠ ᠡᠴᠡ ᠣᠷᠭᠢᠯᠤᠭᠰᠠᠨ
ᠪᠣᠯᠢᠶ᠎ᠠ ᠬᠦᠴᠦᠨ ᠦ᠌ ᠲᠥᠷᠥᠭᠳᠡᠯ ᠢ᠋ᠶ᠋ᠡᠷ
ᠣᠯᠠᠨ ᠠᠷᠪᠢᠨ ᠤᠴᠠᠷᠠᠯ ᠢ᠋
ᠣᠩᠬᠢ ᠮᠠᠷᠲᠠᠵᠤ ᠶᠠᠪᠤᠭ᠎ᠠ ᠯᠠ ᠪᠢᠵᠡ᠁
ᠤᠷᠠᠨ ᠰᠢᠪᠠᠭᠤ ᠰᠢᠭ᠋ ᠳᠠᠭᠤᠯᠠᠭᠠ ᠯᠠ ᠪᠢᠵᠡ᠁
ᠠᠭᠤᠯᠠ ᠶ᠋ᠢᠨ ᠰᠤᠭᠤ ᠰᠢᠭ᠋ ᠳᠡᠭᠦᠯᠢᠭᠡ ᠯᠡ ᠪᠢᠵᠡ᠁
ᠲᠡᠷᠡ ᠶᠠᠭᠠᠬᠢᠬᠤᠪ᠂ ᠥᠩᠭᠡᠷᠡᠭᠰᠡᠨ ᠶᠤᠮ
ᠲᠡᠭᠡᠭᠡᠳ ᠬᠡᠵᠢᠶ᠎ᠡ ᠴᠦ᠍ ᠡᠷᠭᠢᠵᠦ ᠢᠷᠡᠬᠦ ᠦᠭᠡᠢ!
᠁ ᠬᠥᠰᠢᠵᠦ ᠴᠢᠯᠡᠭᠰᠡᠨ ᠪᠣᠯᠤᠯᠲᠠᠢ
ᠬᠥᠯ ᠨᠢ ᠱᠠᠷᠬᠢᠷᠠᠨ ᠡᠪᠡᠳᠪᠡ᠂
ᠰᠠᠨᠳᠠᠯᠢ ᠳ᠋ᠤ᠌ ᠪᠥᠬᠥᠢᠵᠦ ᠰᠠᠭᠤᠭᠠᠳ
ᠰᠠᠨᠠᠭ᠎ᠠ ᠠᠯᠲᠠᠨ ᠰᠢᠷᠲᠡᠬᠦ ᠳ᠋ᠦ᠍
ᠦᠰᠦᠨ ᠡᠮᠵᠢᠶᠡᠷᠢ ᠲᠡᠢ ᠪᠣᠲ᠋ᠢᠨ᠋ᠺ
ᠦᠵᠡᠮᠵᠢᠲᠦ ᠰᠢᠯᠤᠭᠤᠨ ᠰᠢᠯᠪᠢ
ᠪᠥᠵᠢᠭ ᠴᠦ᠍ ᠬᠢᠪᠡᠯ ᠬᠢᠮᠡᠷ ᠰᠢᠭ
ᠪᠦᠷᠢᠨ ᠪᠦᠲᠦᠨ ᠦᠵᠡᠭᠳᠡᠨ᠎ᠡ᠁
ᠭᠡᠪᠡᠴᠦ ᠲᠡᠭᠦᠨ ᠦ᠌ ᠴᠠᠭᠠᠨ᠎ᠠ
ᠭᠡᠮᠲᠦᠵᠦ ᠪᠢᠴᠠᠷᠠᠭᠰᠠᠨ ᠰᠡᠭᠦᠵᠢᠨ ᠳ᠋ᠦ᠍
ᠥᠨᠥᠳᠥᠷ ᠦ᠋ᠨ ᠡᠨᠡ ᠤᠢᠳᠬᠠᠷ
ᠥᠨᠢᠳᠡ ᠨᠢᠭᠤᠭᠳᠠᠵᠤ ᠪᠠᠢᠭ᠎ᠠ ᠶ᠋ᠢ
ᠰᠠᠨᠠᠬᠤ ᠡᠴᠡ ᠨᠢᠯᠪᠤᠰᠤ ᠨᠢ ᠭᠠᠷᠴᠤ
ᠰᠠᠷᠠᠭᠤᠯ ᠨᠢᠳᠦ ᠶ᠋ᠢ ᠨᠢ ᠪᠦᠷᠬᠦᠭᠡᠳ
ᠰᠢᠯ ᠰᠤᠪᠤᠳ ᠤ᠋ᠨ ᠬᠡᠯᠬᠢᠶ᠎ᠡ ᠰᠢᠭ
ᠰᠢᠯᠪᠢᠨ ᠳᠡᠭᠡᠷ᠎ᠡ ᠨᠢ ᠳᠤᠰᠤᠯᠠᠪᠠ᠁
《ᠭᠬᠢᠷ ᠦᠭᠡᠢ ᠲᠤᠩᠭᠠᠯᠠᠭ ᠨᠠᠰᠤᠨ ᠤ᠋
ᠬᠡᠢ ᠬᠦᠰᠡᠯᠡᠩ ᠣᠷᠭᠢᠯᠤᠭᠰᠠᠨ
ᠬᠡᠢᠰᠪᠦᠷᠢ ᠪᠠᠭ᠎ᠠ ᠶ᠋ᠢᠨ ᠵᠢᠷᠭᠠᠯ ᠢ᠋ᠶ᠋ᠠᠷ
ᠬᠡᠴᠢᠨᠡᠭᠡᠨ ᠴᠦ᠍ ᠣᠯᠠᠨ ᠭᠠᠵᠠᠷ ᠲᠤ᠌
ᠠᠷᠭᠢᠯ ᠡᠨᠡ ᠬᠥᠯ ᠢ᠋ᠶ᠋ᠡᠷ ᠢ᠋ᠶ᠋ᠡᠨ
ᠠᠵᠢᠭ ᠴᠦ᠍ ᠦᠭᠡᠢ ᠭᠢᠰᠬᠢᠵᠦ
ᠠᠯᠲᠠᠨ ᠮᠥᠷ ᠢ᠋ᠶ᠋ᠡᠨ ᠭᠠᠷᠭᠠᠵᠤ
ᠠᠷᠭᠢᠵᠤ ᠨᠠᠷᠭᠢᠵᠤ ᠪᠠᠢᠪᠠ ᠳᠠ⁈
ᠪᠦᠷᠢᠶ᠎ᠡ ᠪᠥᠮᠪᠥᠷ ᠦ᠋ᠨ ᠠᠶ᠎ᠠ ᠪᠠᠷ
ᠱᠤᠭᠤᠮ ᠵᠢᠭᠰᠠᠭᠠᠯ ᠳ᠋ᠤ᠌ ᠠᠯᠬᠤᠵᠤ
ᠪᠦᠴᠡ ᠲᠤᠭ ᠢ᠋ᠶ᠋ᠠᠨ ᠬᠡᠢᠰᠬᠡᠭᠡᠳ
ᠱᠤᠤᠭᠢᠵᠤ ᠶᠠᠪᠤᠬᠤ ᠳ᠋ᠤ᠌ ᠰᠠᠢᠬᠠᠨ ᠡ⁈
ᠪᠦᠲᠦᠨ ᠴᠢᠭᠢᠷᠠᠭ ᠬᠥᠯ ᠦ᠋ᠨ ᠢ᠋ᠶ᠋ᠡᠨ
ᠪᠦᠷᠢᠨ ᠡᠷᠬᠡᠲᠦ ᠭᠢᠰᠬᠢᠯᠲᠡ ᠪᠡᠷ
ᠪᠦᠬᠦᠯᠢ ᠨᠠᠢᠷᠠᠯ ᠬᠥᠭᠵᠢᠮ ᠳ᠋ᠦ᠍
ᠪᠥᠵᠢᠭᠯᠡᠵᠦ ᠪᠠᠢᠬᠤ ᠳ᠋ᠤ᠌ ᠭᠣᠶᠣ ᠡ!
ᠲᠦᠮᠡᠨ ᠣᠳᠣᠳ ᠤ᠋ᠨ ᠳᠣᠣᠷ᠎ᠠ
ᠲᠦᠳᠡᠭ ᠭᠠᠯ ᠤ᠋ᠨ ᠳᠡᠷᠭᠡᠳᠡ
ᠢᠵᠢᠯᠢᠳᠦᠭᠰᠡᠨ ᠥᠬᠢᠳ ᠦ᠋ᠨ ᠬᠠᠮᠲᠤ
ᠢᠨᠢᠶᠡᠳᠦ ᠠᠯᠳᠠᠬᠤ ᠰᠠᠢᠬᠠᠨ ᠡ᠁
ᠠᠢ᠂ ᠶᠠᠮᠠᠷ ᠣᠯᠠᠨ ᠲᠡᠢᠮᠦ
ᠠᠵᠠᠲᠠᠢ ᠡᠳᠦᠷ ᠦ᠋ᠳ ᠢ᠋ ᠥᠩᠭᠡᠷᠡᠭᠡᠪᠡ⁈
ᠠᠮᠢᠳᠤ ᠬᠡᠴᠢᠨᠡᠭᠡᠨ ᠬᠦᠯᠢᠶᠡᠪᠡᠴᠦ
ᠠᠬᠢᠵᠤ ᠢᠷᠡᠬᠦ ᠡᠴᠡ ᠥᠩᠭᠡᠷᠡᠪᠡ᠁
ᠬᠠᠢᠷ᠎ᠠ ᠳᠤᠷᠠᠯᠠᠯ ᠴᠦ᠍ ᠭᠡᠰᠡᠨ
ᠬᠠᠮᠤᠭ ᠤ᠋ᠨ ᠰᠡᠭᠦᠯᠴᠢ ᠶ᠋ᠢᠨ ᠤᠳᠠᠭ᠎ᠠ
ᠰᠠᠯᠬᠢ ᠲᠠᠢ ᠪᠦᠷᠬᠦᠭ ᠦᠳᠡᠰᠢ
ᠰᠠᠯᠬᠤ ᠶᠣᠰᠣ ᠪᠠᠨ ᠬᠢᠭᠰᠡᠨ᠁
ᠣᠳᠣ ᠮᠢᠨᠦ ᠲᠤᠬᠠᠢ
ᠣᠷᠴᠢᠯᠠᠩ ᠤ᠋ᠨ ᠠᠯᠢ ᠴᠦ᠍ ᠪᠤᠯᠤᠩ ᠳ᠋ᠤ᠌
ᠵᠠᠯᠠᠭᠤ ᠡᠷ᠎ᠡ ᠶ᠋ᠢᠨ ᠵᠢᠷᠦᠬᠡ
ᠵᠠᠩᠭᠢᠷᠠᠨ ᠳᠣᠭᠳᠣᠯᠬᠤ ᠦᠭᠡᠢ ᠰᠢᠦ ᠳᠡ!
ᠲᠠᠢᠪᠤᠩ ᠴᠠᠭ ᠤ᠋ᠨ ᠪᠠᠷᠢᠯᠭᠠᠨ ᠳ᠋ᠤ᠌
ᠲᠠᠯ᠎ᠠ ᠲᠣᠭᠣᠰᠬ᠎ᠠ ᠲᠠᠯᠪᠢᠯᠴᠠᠬᠤ ᠦᠭᠡᠢ
ᠲᠠᠯᠬ᠎ᠠ ᠶ᠋ᠢ ᠨᠢ ᠬᠣᠷᠣᠭᠠᠵᠤ ᠬᠡᠪᠲᠡᠬᠦ ᠰᠢᠭ
ᠢᠴᠢᠭᠦᠷᠢ ᠭᠡᠵᠦ ᠪᠠᠢᠬᠤ ᠤᠤ?᠁》
ᠢᠩᠭᠢᠵᠦ ᠪᠣᠳᠣᠬᠤ ᠡᠴᠡ ᠵᠠᠮᠪᠠᠭ᠎ᠠ
ᠶᠡᠬᠡ ᠶ᠋ᠢᠨ ᠶᠡᠬᠡ ᠤᠬᠢᠯᠠᠮᠠᠷ
ᠭᠡᠪᠡᠴᠦ ᠨᠢᠯᠪᠤᠰᠤ ᠨᠢ ᠭᠠᠷᠤᠭᠰᠠᠨ ᠦᠭᠡᠢ
ᠭᠡᠨᠡᠳᠲᠡ ᠨᠢᠭᠡ ᠵᠠᠬᠢᠳᠠᠯ ᠪᠢᠴᠢᠯ᠎ᠡ᠃
