ᠵᠠᠯᠠᠭᠤ ᠨᠠᠰᠤ04-ᠷ ∙ ᠴᠣᠢᠨᠣᠮ-ᠨᠠᠢᠷᠠᠭᠯᠠᠯЗалуу нас-Р.Чойном Zaluu nas-R.Choinom
ᠵᠠᠯᠠᠭᠤ ᠨᠠᠰᠤ04
ᠷ᠂ ᠴᠤᠢᠨᠥᠮ
ᠳᠥᠷᠪᠡᠳᠦᠭᠡᠷ ᠪᠦᠯᠦᠭ
ᠪᠣᠷᠣ ᠳᠡᠭᠡᠪᠦᠷ ᠦ᠋ᠳ ᠤᠳᠠᠭ᠎ᠠ ᠳᠠᠷᠠᠭᠠᠯᠠᠨᠠ
ᠪᠣᠭᠣᠨᠢᠬᠠᠨ ᠶᠠᠨᠲᠤᠩ ᠡᠴᠡ ᠤᠲᠤᠭ᠎ᠠ ᠪᠤᠷᠭᠢᠯᠤᠨ᠎ᠠ᠂
ᠭᠣᠢᠳᠠ ᠶ᠋ᠢᠨ ᠳᠠᠭᠤ ᠪᠠᠷ ᠬᠡᠦᠬᠡᠳ ᠦ᠋ᠳ ᠱᠤᠤᠭᠢᠨ᠎ᠠ᠁
ᠭᠣᠣᠯ ᠤ᠋ᠨ ᠡᠷᠭᠢ ᠪᠡᠷ ᠦᠨᠢᠶᠡᠳ ᠪᠡᠯᠴᠢᠨ᠎ᠡ᠁
《ᠠᠢ᠂ ᠲᠣᠰᠬᠣᠨ ᠮᠢᠨᠢ! ᠣᠷᠣᠨ ᠮᠢᠨᠢ
ᠠᠬᠢᠭᠠᠳ ᠴᠢᠮᠠᠶ᠋ᠢ ᠪᠠᠨ ᠦᠵᠡᠯ᠎ᠡ᠁ ᠠᠵᠠᠲᠠᠶᠠ!
ᠠᠢᠪᠤᠩ ᠲᠠᠢᠪᠤᠩ ᠠᠮᠢᠳᠤᠷᠠᠯ ᠤ᠋ᠨ ᠴᠢᠨᠢ ᠰᠠᠢᠬᠠᠨ ᠳ᠋ᠤ᠌
ᠠᠬᠤᠢ ᠰᠡᠳᠬᠢᠯ ᠮᠢᠨᠢ ᠠᠷᠭ᠎ᠠ ᠦᠭᠡᠢ ᠯᠡ ᠳᠠᠰᠴᠠᠢ ᠳᠠ ᠁
ᠨᠠᠷᠠᠰᠤᠨ ᠣᠢ ᠶ᠋ᠢᠨ ᠰᠠᠢᠬᠠᠨ ᠠᠭᠠᠷ
ᠨᠠᠷᠢᠨ ᠭᠣᠣᠯ ᠤ᠋ᠨ ᠰᠠᠷᠠᠭᠤᠯ ᠬᠥᠨᠳᠡᠢ
ᠨᠠᠳᠠ ᠳ᠋ᠤ᠌ ᠬᠡᠴᠢᠨᠡᠭᠡᠨ ᠲᠠᠭᠠᠲᠠᠢ ᠪᠠᠢᠳᠠᠭ ᠤ᠋ᠨ
ᠨᠠᠨᠳᠢᠨ ᠤᠴᠢᠷ ᠨᠢ ᠬᠠᠮᠢᠭ᠎ᠠ ᠪᠠᠢᠨ᠎ᠠ ᠪᠣᠢ?
ᠲᠣᠰᠬᠣᠨ ᠴᠢᠨᠦ ᠪᠡᠨ ᠭᠤᠳᠤᠮᠵᠢ ᠪᠦᠬᠦᠨ ᠢ᠋ᠶ᠋ᠡᠷ
ᠲᠣᠭᠣᠷᠢᠨ ᠪᠠᠢᠭ᠎ᠠ ᠭᠠᠵᠠᠷ ᠪᠦᠬᠦᠨ ᠢ᠋ᠶ᠋ᠡᠷ
ᠲᠣᠭᠠᠲᠠᠢ ᠬᠣᠨᠣᠭ ᠤ᠋ᠨ ᠬᠣᠣᠰ ᠦᠭᠡᠢ ᠵᠢᠷᠭᠠᠯ ᠢ᠋ᠶ᠋ᠠᠷ
ᠵᠠᠮᠪᠠᠯ ᠪᠢᠳᠡ ᠬᠣᠶᠠᠷ ᠵᠤᠭᠠᠯᠠᠵᠤ ᠶᠠᠪᠤᠭᠰᠠᠨ!
ᠬᠥᠭᠵᠢᠶᠡᠨ ᠴᠡᠩᠭᠡᠯ ᠢ᠋ᠶ᠋ᠡᠷ ᠪᠦᠬᠦᠨ ᠢ᠋ ᠳᠠᠭᠤᠳᠠᠭᠰᠠᠨ
ᠺᠯᠦ᠋ᠪ ᠦ᠋ᠨ ᠲᠡᠷᠡ ᠰᠢᠷᠭᠠᠯ ᠪᠠᠢᠰᠢᠩ ᠳ᠋ᠤ᠌
ᠡᠨᠡ ᠨᠠᠰᠤᠨ ᠤ᠋ ᠪᠠᠨ ᠭᠠᠭᠴᠠ ᠮᠡᠷᠭᠡᠵᠢᠯ ᠢ᠋
ᠡᠬᠢᠯᠡᠵᠦ ᠪᠢ ᠭᠠᠷᠳᠠᠵᠤ ᠠᠪᠤᠭᠰᠠᠨ᠁
ᠠᠶ᠎ᠠ᠂ ᠲᠣᠰᠬᠣᠨ ᠮᠢᠨᠢ᠁ ᠢᠷᠡᠭᠡᠳᠦᠢ ᠳ᠋ᠦ᠍ ᠴᠢ
ᠠᠪᠤᠷᠭᠤ ᠬᠣᠲᠠ ᠪᠣᠯᠵᠤ ᠰᠦᠨᠳᠡᠷᠯᠡᠬᠦ ᠳ᠋ᠡᠭᠡᠨ
ᠠᠯᠳᠠᠷ ᠤ᠋ᠨ ᠳᠠᠭᠤᠯᠠᠯ ᠢ᠋ ᠴᠢᠨᠢ ᠡᠬᠢᠯᠡᠨ ᠬᠥᠲᠥᠯᠦᠭᠰᠡᠨ
ᠠᠷᠠᠴᠢ ᠦᠭᠡᠢ ᠨᠠᠮᠠᠢ ᠪᠠᠨ ᠪᠢᠲᠡᠭᠡᠢ ᠮᠠᠷᠲᠠᠭᠠᠷᠠᠢ᠁》
ᠬᠡᠦᠬᠡᠨ ᠵᠠᠮᠪᠠᠭ᠎ᠠ ᠴᠣᠩᠬᠣᠨ ᠤ᠋ ᠪᠠᠨ ᠳᠡᠷᠭᠡᠳᠡ
ᠬᠦᠰᠡᠯ ᠮᠥᠷᠥᠭᠡᠳᠦᠯ ᠦ᠋ᠨ ᠠᠯᠤᠰ ᠲᠤ᠌ ᠠᠪᠲᠠᠵᠤ᠂
ᠰᠡᠷᠭᠦᠯᠡᠩ ᠨᠢᠳᠦ ᠪᠡᠷ ᠲᠣᠰᠬᠣᠨ ᠢ᠋ᠶ᠋ᠠᠨ ᠰᠢᠷᠳᠡᠵᠦ
ᠰᠡᠳᠬᠢᠯ ᠳᠣᠲᠣᠷ᠎ᠠ ᠪᠠᠨ ᠢᠩᠭᠢᠵᠦ ᠶᠠᠷᠢᠵᠤ ᠪᠠᠢᠨ᠎ᠠ᠃
ᠵᠠᠮ ᠤ᠋ᠨ ᠲᠡᠷᠡ ᠨᠢᠭᠡ ᠭᠦᠦᠷ ᠳᠡᠭᠡᠷ᠎ᠡ
ᠠᠩᠬ᠎ᠠ ᠦᠰᠦᠷᠦᠭᠰᠡᠨ ᠢ᠋ ᠣᠳᠣ ᠪᠣᠳᠣᠬᠤ ᠳ᠋ᠤ᠌
ᠵᠠᠮᠪᠠᠭ᠎ᠠ ᠭᠡᠳᠡᠭ ᠡᠢᠮᠦ ᠬᠡᠦᠬᠡᠨ
ᠠᠮᠢᠳᠤ ᠪᠠᠢᠬᠤ ᠤᠴᠢᠷ ᠦᠭᠡᠢ ᠰᠠᠨ᠁
ᠣᠯᠠᠨ ᠢ᠋ ᠡᠳᠡᠭᠡᠭᠰᠡᠨ ᠡᠮᠴᠢ ᠬᠡᠦᠬᠡᠨ
ᠣᠷᠴᠢᠨ ᠦᠶ᠎ᠡ ᠶ᠋ᠢᠨ ᠰᠢᠨᠵᠢᠯᠡᠬᠦ ᠤᠬᠠᠭᠠᠨ
ᠣᠷᠣ ᠳᠡᠷᠡ ᠡᠴᠡ ᠲᠡᠭᠦᠨ ᠢ᠋ ᠪᠣᠰᠬᠠᠵᠤ
ᠣᠷᠴᠢᠯᠠᠩ ᠤ᠋ᠨ ᠠᠮᠢᠳᠤᠷᠠᠯ ᠳ᠋ᠤ᠌ ᠡᠷᠭᠢᠵᠦ ᠣᠷᠣᠭᠤᠯᠪᠠ᠃
ᠬᠣᠶᠠᠷ ᠰᠤᠭᠤᠨ ᠳ᠋ᠠᠭᠠᠨ ᠲᠠᠶᠠᠭ ᠲᠠᠢ ᠴᠤ᠌ ᠭᠡᠰᠡᠨ
ᠬᠣᠷᠸ᠎ᠠ ᠶ᠋ᠢᠨ ᠬᠥᠷᠥᠰᠥᠨ ᠳ᠋ᠦ᠍ ᠭᠢᠰᠬᠢᠵᠦ ᠶᠠᠪᠤᠬᠤ ᠳ᠋ᠤ᠌
ᠬᠣᠩᠭᠣᠷ ᠰᠡᠳᠬᠢᠯ ᠨᠢ ᠭᠤᠨᠢᠭ ᠲᠠᠢ ᠴᠤ᠌ ᠭᠡᠰᠡᠨ
ᠬᠣᠨᠣᠭ ᠤ᠋ᠨ ᠣᠯᠠᠨ ᠳ᠋ᠤ᠌ ᠲᠠᠢᠳᠬᠤᠷᠠᠬᠤ ᠪᠢᠵᠡ᠁
ᠤᠷᠢᠳᠤᠬᠢ ᠰᠠᠭᠠᠳ ᠢ᠋ᠶ᠋ᠠᠨ ᠬᠡᠨ ᠳᠡᠪᠡᠯ ᠦᠭᠡᠢ
ᠤᠨᠠᠨ ᠭᠤᠲᠤᠷᠠᠵᠤ ᠤᠬᠤᠷᠢᠨ ᠪᠤᠴᠠᠪᠠᠰᠤ᠂
ᠣᠷᠣᠭᠰᠢ ᠦᠭᠡᠢ ᠶᠠᠪᠤᠵᠤ ᠡᠷᠲᠡ ᠨᠥᠭᠴᠢᠪᠡᠰᠦ
ᠲᠡᠷᠡ᠂ ᠬᠠᠮᠤᠭ ᠤ᠋ᠨ ᠠᠵᠠ ᠦᠭᠡᠢ ᠬᠥᠮᠦᠨ!
ᠵᠠᠮᠪᠠᠭ᠎ᠠ ᠶ᠋ᠢᠨ ᠠᠳᠠᠯᠢ᠂ ᠲᠠᠶᠠᠭ ᠲᠠᠢ ᠴᠤ᠌ ᠪᠠᠢᠭ
ᠵᠠᠯᠠᠭᠤ ᠨᠠᠰᠤ ᠨᠢ ᠥᠩᠭᠡᠷᠡᠭᠰᠡᠨ ᠴᠦ᠍ ᠪᠠᠢᠭ
ᠣᠷᠴᠢᠨ ᠦᠶ᠎ᠡ ᠪᠡᠨ ᠨᠢᠳᠦ ᠪᠡᠷ ᠢ᠋ᠶ᠋ᠡᠨ ᠦᠵᠡᠵᠦ
ᠣᠷᠣᠯᠴᠠᠵᠤ ᠶᠠᠪᠤᠪᠠᠯ ᠲᠡᠷᠡ ᠠᠵᠠᠲᠠᠢ ᠬᠥᠮᠦᠨ!
ᠵᠢᠷ ᠦ᠋ᠨ ᠰᠢᠯᠦᠭᠴᠢ ᠪᠢ ᠴᠤ᠌ ᠭᠡᠰᠡᠨ
ᠵᠢᠯ ᠦ᠋ᠨ ᠡᠮᠦᠨ᠎ᠡ ᠡᠨᠡ ᠨᠠᠢᠷᠠᠭ ᠢ᠋
ᠡᠮᠴᠢ ᠴᠡᠴᠡᠭ ᠦ᠋ᠨ ᠡᠯᠪᠡᠷᠢᠯ ᠳᠣᠣᠷ᠎ᠠ
ᠡᠮᠨᠡᠯᠭᠡ ᠶ᠋ᠢᠨ ᠣᠷᠣ ᠳᠡᠭᠡᠷ᠎ᠡ ᠡᠬᠢᠯᠡᠵᠦ ᠪᠠᠢᠭᠰᠠᠨ
ᠥᠨᠥᠳᠥᠷ ᠪᠢ ᠲᠡᠳᠡᠨ ᠦ᠌ ᠪᠡᠨ ᠠᠴᠢ ᠪᠠᠷ
ᠥᠨᠢᠷ ᠨᠥᠬᠥᠳ ᠲᠡᠢ ᠪᠡᠨ ᠵᠡᠷᠭᠡᠴᠡᠨ ᠠᠯᠬᠤᠵᠤ᠂
ᠥᠴᠦᠬᠡᠨ ᠨᠠᠢᠷᠠᠭ ᠢ᠋ᠶ᠋ᠠᠨ ᠳᠠᠭᠤᠰᠬᠠᠨ ᠪᠢᠴᠢᠵᠦ
ᠥᠷᠭᠡᠨ ᠲᠦᠮᠡᠨ ᠳ᠋ᠡᠭᠡᠨ ᠲᠣᠯᠢᠯᠠᠭᠤᠯᠵᠤ ᠪᠠᠢᠨ᠎ᠠ᠃
ᠡᠬᠢᠨ ᠦ᠌ ᠪᠦᠲᠦᠭᠡᠯ ᠮᠢᠨᠢ᠂ ᠰᠠᠢᠨ ᠴᠤ᠌ ᠮᠠᠭᠤ ᠴᠤ᠌
ᠡᠳ᠋ᠯᠡᠬᠦ ᠨᠠᠰᠤ ᠮᠢᠨᠢ ᠤᠷᠲᠤ ᠴᠤ᠌᠂ ᠪᠣᠭᠣᠨᠢ ᠴᠤ᠌
ᠡᠭᠡᠯ ᠬᠥᠮᠦᠨ ᠦ᠌ ᠶᠡᠬᠡ ᠲᠠᠯᠠᠷᠬᠠᠯ ᠢ᠋ᠶ᠋ᠠᠷ ᠪᠢ
ᠡᠷᠬᠢᠮ ᠰᠤᠪᠢᠯᠠᠭᠴᠢᠳ ᠲᠠᠭᠠᠨ ᠪᠥᠬᠥᠢᠨ ᠶᠣᠰᠣᠯᠠᠶ᠎ᠠ!᠁
ᠠᠭᠤᠤ ᠣᠷᠣᠨ ᠤ᠋ ᠮᠢᠨᠢ ᠬᠠᠮᠢᠭ᠎ᠠ ᠴᠤ᠌ ᠭᠡᠰᠡᠨ
ᠠᠬ᠎ᠠ ᠳᠡᠭᠦᠦ ᠣᠯᠠᠨ ᠤ᠋ ᠮᠢᠨᠢ ᠬᠠᠯᠠᠮᠵᠢᠯᠠᠵᠤ ᠪᠠᠢᠳᠠᠭ
ᠠᠨᠠᠭᠠᠬᠤ ᠤᠬᠠᠭᠠᠨ ᠤ᠋ ᠦᠢᠯᠡᠴᠢᠨ ᠬᠥᠮᠦᠰ ᠦ᠋ᠨ
ᠠᠯᠳᠠᠷ ᠭᠠᠪᠢᠶ᠎ᠠ ᠮᠠᠨᠳᠤᠲᠤᠭᠠᠢ!
2
ᠳᠠᠭᠤᠯᠠᠨ ᠳᠠᠭᠤᠯᠠᠨ ᠬᠦᠰᠡᠪᠡᠴᠦ
ᠳᠠᠭᠤᠤ ᠶ᠋ᠢᠨ ᠡᠭᠡᠰᠢᠭ ᠭᠣᠯᠣᠭᠳᠠᠮᠠᠷ
ᠤᠬᠢᠯᠠᠨ ᠤᠬᠢᠯᠠᠨ ᠤᠷᠤᠰᠪᠠᠴᠤ
ᠤᠰᠤᠨ ᠨᠢᠯᠪᠤᠰᠤ ᠪᠠᠭᠠᠳᠠᠮᠠᠷ
ᠡᠮᠵᠡᠭ ᠪᠣᠯᠤᠭᠠᠳ ᠳᠠᠷᠬᠠᠨ
ᠡᠬᠢᠨ ᠦ᠌ ᠨᠠᠨᠳᠢᠨ ᠬᠠᠢᠷ᠎ᠠ ᠶ᠋ᠢᠨ
ᠡᠳ᠋ᠯᠡᠭᠡᠳ ᠥᠩᠭᠡᠷᠡᠭᠰᠡᠨ ᠮᠥᠴᠡ ᠨᠦ᠍ᠭᠦᠳ ᠢ᠋
ᠡᠷᠭᠢᠭᠦᠯᠵᠦ ᠶᠠᠭᠠᠬᠢᠨ ᠪᠣᠯᠬᠤ ᠪᠣᠢ?
ᠳᠠᠯᠳᠠᠬᠢ ᠵᠢᠷᠦᠬᠡ ᠶ᠋ᠢ ᠲᠠᠮᠤᠯᠠᠭᠰᠠᠨ
ᠳᠠᠩᠴᠤ ᠶᠡᠬᠡ ᠮᠥᠷᠥᠭᠡᠳᠦᠯ ᠢ᠋ᠶ᠋ᠡᠷ
ᠳᠠᠰᠤᠯ ᠪᠣᠯᠤᠭᠰᠠᠨ ᠵᠠᠮᠪᠠᠭ᠎ᠠ ᠮᠢᠨᠢ
ᠳᠠᠷᠠᠭ᠎ᠠ ᠵᠢᠯ ᠦ᠋ᠨ ᠬᠠᠪᠤᠷ ᠢ᠋ ᠦᠵᠡᠯ᠎ᠡ᠃
ᠡᠮᠨᠡᠯᠭᠡ ᠡᠴᠡ ᠭᠠᠷᠤᠭᠠᠳ ᠲᠣᠰᠬᠣᠨ ᠳ᠋ᠤ᠌
ᠡᠷᠭᠢᠵᠦ ᠢᠷᠡᠭᠰᠡᠨ ᠴᠠᠭ ᠡᠴᠡ
ᠡᠭᠡᠯ ᠵᠢᠷ ᠦ᠋ᠨ ᠬᠣᠨᠣᠭ ᠤ᠋ᠳ ᠢ᠋
ᠡᠯᠡᠭᠡᠵᠦ ᠶᠠᠳᠠᠨ ᠰᠠᠭᠤᠬᠤ ᠳ᠋ᠠᠭᠠᠨ
ᠵᠣᠬᠢᠶᠠᠨ ᠪᠣᠳᠣᠬᠤ ᠪᠣᠳᠣᠯ ᠢ᠋ᠶ᠋ᠠᠷ
ᠵᠣᠪᠠᠨ ᠰᠢᠨᠠᠯᠬᠤ ᠤᠢᠳᠬᠠᠷ ᠢ᠋ᠶ᠋ᠠᠷ
ᠨᠢᠭᠡᠨ ᠵᠢᠯ ᠢ᠋ ᠢᠩᠭᠢᠵᠦ
ᠨᠢᠭᠡᠨ ᠵᠢᠭᠳᠡ ᠥᠩᠭᠡᠷᠡᠭᠡᠪᠡ᠃
ᠭᠡᠪᠡᠴᠦ᠂ ᠮᠠᠨ ᠤ᠋ ᠵᠠᠮᠪᠠᠭ᠎ᠠ
ᠭᠡᠶᠦᠷᠡᠵᠦ ᠳᠡᠮᠡᠢ ᠰᠠᠭᠤᠭ᠎ᠠ ᠦᠭᠡᠢ
ᠬᠦᠰᠡᠯ ᠪᠣᠯᠤᠭᠰᠠᠨ ᠢᠷᠡᠭᠡᠳᠦᠢ ᠶ᠋ᠢ
ᠬᠦᠯᠢᠶᠡᠵᠦ ᠳᠡᠮᠡᠢ ᠬᠡᠪᠲᠡᠭᠡ ᠦᠭᠡᠢ
ᠬᠠᠯᠠᠭᠤᠨ ᠰᠡᠳᠬᠢᠯ ᠦ᠋ᠨ ᠭᠦᠨ ᠳ᠋ᠡᠬᠢ
ᠬᠥᠳᠡᠯᠦᠯ ᠵᠣᠷᠢᠭ ᠤ᠋ᠨ ᠬᠦᠴᠦ ᠪᠡᠷ
ᠵᠠᠯᠠᠭᠤ ᠨᠠᠰᠤᠨ ᠤ᠋ ᠲᠤᠬᠠᠢ
ᠬᠥᠭᠵᠢᠮ ᠦ᠋ᠨ ᠵᠣᠬᠢᠶᠠᠯ ᠡᠬᠢᠯᠡᠵᠦ
ᠨᠠᠢᠷᠠᠯ ᠬᠥᠭᠵᠢᠮ ᠬᠥᠲᠥᠯᠳᠡᠭ
ᠨᠠᠷᠢᠬᠠᠨ ᠴᠠᠭᠠᠨ ᠭᠠᠷ ᠢ᠋ᠶ᠋ᠠᠷ ᠢ᠋ᠶ᠋ᠠᠨ
ᠨᠠᠢᠳᠠᠪᠤᠷᠢ ᠪᠣᠯᠤᠭᠰᠠᠨ ᠢᠷᠡᠭᠡᠳᠦᠢ ᠪᠡᠨ
ᠨᠠᠭᠠᠰᠢ ᠨᠢ ᠥᠪᠡᠷ ᠢ᠋ᠶ᠋ᠡᠨ ᠳᠠᠯᠠᠯᠤᠭᠰᠠᠨ ᠶᠤᠮ᠃
ᠣᠷᠣᠰᠢᠯ ᠬᠥᠭᠵᠢᠮ ᠦ᠋ᠨ ᠬᠡᠰᠡᠭ ᠢ᠋
ᠤᠷᠤᠯᠳᠤᠨ ᠶᠠᠳᠠᠨ ᠰᠠᠭᠤᠬᠤ ᠳ᠋ᠤ᠌
ᠣᠴᠢᠲᠠᠢ ᠨᠢᠳᠦ ᠪᠡᠨ ᠰᠦᠮᠡᠢᠯᠭᠡᠵᠦ
ᠣᠯᠠᠨ ᠲᠣᠪᠴᠢᠰ ᠳᠠᠷᠤᠬᠤ ᠳ᠋ᠤ᠌
ᠢᠨᠢᠶᠡᠳᠦ ᠠᠯᠳᠠᠵᠤ ᠶᠠᠪᠤᠭᠰᠠᠨ
ᠢᠳᠡᠷ ᠪᠠᠭ᠎ᠠ ᠶ᠋ᠢᠨ ᠵᠢᠪᠬᠤᠭ᠎ᠠ
ᠢᠰᠬᠡᠷᠦᠨ ᠳᠠᠭᠤᠯᠠᠵᠤ ᠪᠠᠢᠭᠰᠠᠨ
ᠢᠵᠢᠯᠢ ᠨᠥᠬᠥᠳ ᠦ᠋ᠨ ᠴᠢᠷᠠᠢ
ᠪᠠᠶᠠᠷ ᠤ᠋ᠨ ᠥᠷᠭᠡᠨ ᠵᠢᠭᠰᠠᠭᠠᠯ
ᠪᠠᠶᠠᠨ ᠭᠣᠷᠣᠬᠠᠨ ᠤ᠋ ᠵᠤᠰᠠᠯᠠᠩ
ᠡᠪᠯᠡᠯ ᠦ᠋ᠨ ᠭᠡᠰᠢᠭᠦᠳ ᠦ᠋ᠨ ᠬᠤᠷᠠᠯ
ᠡᠨᠡ ᠪᠦᠬᠦᠨ ᠰᠠᠨᠠᠭᠳᠠᠨ᠎ᠠ᠁
ᠲᠠᠪᠤᠨ ᠡᠩᠨᠡᠭᠡ ᠱᠤᠭᠤᠮ ᠳᠡᠭᠡᠷ᠎ᠡ
ᠲᠡᠮᠳᠡᠭ ᠵᠢᠷᠤᠬᠤ ᠨᠢ ᠠᠮᠠᠷᠬᠠᠨ ᠴᠤ᠌
ᠲᠠ ᠪᠢᠳᠡᠨ ᠢ᠋ ᠤᠶᠠᠷᠠᠭᠤᠯᠬᠤ
ᠲᠡᠷᠡ ᠴᠢᠳᠠᠯ ᠨᠢ ᠬᠡᠴᠡᠭᠦᠦ!
ᠬᠡᠴᠡᠭᠦᠦ ᠪᠦᠬᠦᠨ ᠢ᠋᠂ ᠭᠡᠪᠡᠴᠦ
ᠬᠡᠵᠢᠶᠡᠳᠡ ᠬᠥᠮᠦᠨ ᠪᠦᠲᠦᠭᠡᠳᠡᠭ
ᠬᠡᠷᠡᠭᠴᠡᠭᠡᠲᠦ ᠪᠦᠬᠦ ᠨᠠᠰᠤ ᠪᠠᠨ
ᠲᠣᠭᠠᠯᠠᠵᠤ ᠥᠭᠭᠦᠭᠡᠳ ᠪᠤᠰᠬᠠᠳᠠᠭ
ᠬᠥᠳᠡᠭᠡ ᠠᠲᠠᠷ ᠤ᠋ᠨ ᠬᠥᠷᠥᠰᠥ ᠶ᠋ᠢ
ᠬᠥᠯᠥᠰᠥᠨ ᠦ᠌ ᠳᠤᠰᠤᠯ ᠢ᠋ᠶ᠋ᠠᠷ ᠳᠡᠪᠲᠦᠭᠡᠵᠦ
ᠬᠥᠭᠵᠢᠮ ᠪᠠᠢᠲᠤᠭᠠᠢ ᠪᠠᠢᠭᠠᠯᠢ ᠶ᠋ᠢ
ᠬᠥᠮᠦᠨ ᠦ᠌ ᠭᠠᠷ ᠵᠠᠬᠢᠷᠤᠭᠰᠠᠨ ᠶᠤᠮ᠁
ᠬᠦᠨᠳᠦ ᠬᠦᠴᠢᠷ ᠬᠤᠭᠤᠴᠠᠭ᠎ᠠ ᠶ᠋ᠢ
ᠬᠦᠰᠡᠯᠡᠩ ᠤᠢᠳᠬᠠᠷ ᠢ᠋ᠶ᠋ᠠᠷ ᠳᠤᠭᠤᠯᠪᠠᠴᠤ
ᠬᠦᠢ ᠰᠡᠳᠬᠢᠯ ᠦ᠋ᠨ ᠪᠠᠶᠠᠷ ᠢ᠋
ᠬᠥᠮᠦᠨ ᠦ᠌ ᠦᠷ᠎ᠡ ᠠᠮᠰᠠᠳᠠᠭ ᠶᠤᠮ᠃
ᠬᠣᠨᠣᠭ ᠤ᠋ᠨ ᠬᠤᠭᠤᠴᠠᠭ᠎ᠠ ᠳᠤᠲᠠᠭᠤ ᠴᠤ᠌
ᠬᠣᠢᠰᠢ ᠰᠠᠭᠤᠯ ᠦᠭᠡᠢ ᠠᠵᠢᠯᠯᠠᠭᠠᠳ
ᠬᠣᠩᠭᠣᠷ ᠵᠠᠮᠪᠠᠯ ᠨᠢ ᠰᠤᠯᠠᠯᠠᠭᠳᠠᠵᠤ
ᠬᠣᠲᠠ ᠳ᠋ᠤ᠌ ᠶᠠᠪᠤᠭ᠎ᠠ ᠰᠣᠨᠣᠰᠳᠠᠪᠠ᠃
ᠭᠠᠩ ᠲᠠᠢ ᠵᠤᠨ ᠤ᠋ ᠴᠡᠴᠡᠭ
ᠴᠢᠭᠢᠭ ᠠᠮᠰᠠᠨ ᠰᠡᠷᠭᠦᠬᠦ ᠰᠢᠭ
ᠭᠠᠭᠴᠠ ᠪᠠᠷ ᠪᠠᠢᠭᠰᠠᠨ ᠵᠢᠷᠦᠬᠡ ᠨᠢ
ᠴᠢᠮᠡᠭᠡ ᠭᠠᠷᠤᠮᠠᠷ ᠴᠣᠬᠢᠯᠠᠪᠠ᠃
《ᠠᠶ᠎ᠠ᠂ ᠵᠠᠮᠪᠠᠯ ᠮᠢᠨᠢ
ᠠᠬᠢᠨ ᠪᠢᠳᠡ ᠠᠭᠤᠯᠵᠠᠬᠤ ᠨᠢ!
ᠬᠦᠰᠡᠨ ᠬᠦᠯᠢᠶᠡᠭᠰᠡᠨ ᠨᠠᠳᠠ ᠳ᠋ᠠᠭᠠᠨ
ᠬᠦᠷᠴᠦ ᠬᠡᠵᠢᠶ᠎ᠡ ᠢᠷᠡᠬᠦ ᠪᠣᠢ ᠴᠢ?》
3
ᠬᠦᠰᠡᠯᠲᠦ ᠡᠳᠦᠷ ᠨᠢ ᠪᠣᠯᠵᠤ
ᠬᠦᠷᠦᠭᠡᠳ ᠢᠷᠡᠯ᠎ᠡ ᠵᠠᠮᠪᠠᠯ᠁
ᠭᠠᠯ ᠲᠠᠢ ᠨᠢᠳᠦ ᠨᠢ ᠲᠣᠮᠣᠷᠠᠵᠤ
ᠭᠠᠢᠬᠠᠨ ᠰᠢᠷᠲᠡᠯ᠎ᠡ ᠵᠠᠮᠪᠠᠭ᠎ᠠ ᠶ᠋ᠢ᠁
|《ᠰᠠᠢᠨ ᠪᠠᠢᠨ᠎ᠠ ᠤᠤ ?》ᠭᠡᠳ
ᠰᠠᠨᠳᠤᠷᠴᠤ ᠬᠡᠰᠡᠭ ᠲᠦᠭᠳᠡᠷᠡᠪᠡ᠁
ᠰᠠᠨᠠᠵᠤ ᠮᠥᠷᠥᠭᠡᠳᠦᠭᠰᠡᠨ ᠳ᠋ᠡᠭᠡᠨ ᠴᠦ᠍ ᠲᠡᠷᠡ ᠦᠸ
ᠰᠡᠮᠬᠡᠨ ᠰᠡᠭᠦᠷᠡᠰᠦ ᠠᠯᠳᠠᠪᠠ᠁
ᠲᠡᠷᠡ ᠣᠷᠣᠢ ᠶ᠋ᠢᠨ ᠪᠠᠢᠳᠠᠯ
ᠲᠩᠷᠢ ᠪᠦᠷᠬᠦᠢᠵᠦ ᠬᠦᠢᠲᠡᠷᠡᠭᠡᠳ
ᠪᠠᠶᠠᠷ ᠢ᠋ᠶ᠋ᠠᠷ ᠬᠠᠲᠠᠭᠰᠠᠨ ᠳᠠᠷᠴᠤᠭ
ᠪᠠᠢᠵᠤ ᠶᠠᠳᠠᠲᠠᠯ᠎ᠠ ᠪᠠᠨ ᠬᠡᠢᠰᠦᠨ᠎ᠡ᠃
ᠨᠦᠰᠡᠷ ᠪᠠᠷᠠᠭᠠᠨ ᠡᠭᠦᠯᠡᠰ
ᠨᠡᠭᠦᠯᠳᠦᠨ ᠴᠤᠪᠤᠵᠤ ᠪᠠᠢᠨ᠎ᠠ
ᠴᠥᠭᠥᠷᠥᠮ᠂ ᠴᠦᠩᠬᠦᠯ ᠭᠣᠣᠯ ᠢ᠋ᠶ᠋ᠠᠷ
ᠴᠥᠩ ᠬᠠᠷᠰᠢᠯᠳᠤᠵᠤ ᠪᠠᠢᠨ᠎ᠠ
ᠬᠣᠯᠠ ᠶ᠋ᠢᠨ ᠬᠥᠮᠦᠨ ᠢ᠋ ᠮᠥᠷᠥᠭᠡᠳᠴᠦ
ᠬᠣᠨᠣᠭ ᠲᠣᠭᠠᠯᠠᠭᠰᠠᠨ ᠬᠥᠮᠦᠨ ᠳ᠋ᠦ᠍
ᠪᠦᠷᠬᠦᠭ ᠡᠢᠮᠦ ᠣᠷᠣᠢ
ᠪᠦᠷ ᠴᠦ᠍ ᠬᠡᠴᠡᠭᠦᠦ ᠪᠠᠢᠳᠠᠭ᠃
ᠤᠳᠠᠭᠠᠨ ᠰᠠᠨᠠᠭᠰᠠᠨ ᠬᠣᠶᠠᠷ
ᠤᠴᠠᠷᠠᠨ ᠵᠣᠯᠭᠠᠭᠰᠠᠨ ᠪᠣᠯᠬᠤ ᠪᠠᠷ
ᠬᠠᠪᠤᠷ ᠤ᠋ᠨ ᠬᠠᠴᠢᠨ ᠲᠩᠷᠢ ᠶ᠋ᠢ
ᠬᠠᠢᠬᠤᠷᠴᠤ ᠪᠣᠳᠣᠯ ᠦᠭᠡᠢ ᠰᠠᠭᠤᠵᠠᠭᠠᠨ᠎ᠠ᠁
ᠬᠠᠷᠢᠨ ᠡᠨᠡ ᠦᠳᠡᠰᠢ
ᠬᠠᠨᠠᠭᠠᠷ ᠨᠡᠢᠰᠯᠡᠯ ᠬᠣᠲᠠ ᠳ᠋ᠤ᠌
ᠬᠠᠢᠷᠠᠲᠠᠢ ᠬᠥᠮᠦᠨ ᠢ᠋ᠶ᠋ᠡᠨ ᠬᠦᠯᠢᠶᠡᠭᠰᠡᠨ
ᠥᠭᠡᠷ᠎ᠡ ᠨᠢᠭᠡ ᠪᠦᠰᠡᠭᠦᠢ
ᠰᠠᠯᠬᠢᠪᠴᠢ ᠴᠣᠩᠬᠣ ᠪᠠᠨ ᠲᠦᠰᠢᠭᠡᠳ
ᠰᠠᠨᠠᠭ᠎ᠠ ᠠᠯᠳᠠᠵᠤ ᠪᠠᠢᠬᠤ ᠶᠤᠮ
ᠳᠠᠯᠳᠠ ᠨᠠᠷᠢᠨ ᠤᠴᠢᠷ ᠢ᠋ ᠨᠢ
ᠳᠠᠷᠠᠭ᠎ᠠ ᠬᠡᠰᠡᠭ ᠦ᠋ᠳ ᠲᠦ᠍ ᠶᠠᠷᠢᠬᠤ ᠤᠤ᠁
ᠣᠨᠳᠣᠣ ᠨᠢᠭᠡ ᠠᠮᠢᠳᠤᠷᠠᠯ ᠢ᠋
ᠣᠳᠣ ᠪᠢᠴᠢᠶ᠎ᠡ ᠭᠡᠬᠦ ᠳ᠋ᠦ᠍
ᠢᠨᠠᠭ ᠬᠣᠶᠠᠷ ᠢ᠋ᠶ᠋ᠠᠨ ᠠᠭᠤᠯᠵᠠᠭᠤᠯᠴᠢᠬᠠᠭᠠᠳ
ᠶᠠᠭᠠᠷᠠᠵᠤ ᠪᠠᠢᠨ᠎ᠠ ᠰᠢᠦ᠂ ᠡᠢᠰᠢ ᠪᠡᠨ᠃
※※※
ᠤᠷᠠᠨ ᠳᠠᠭᠤᠲᠤ ᠬᠥᠭᠵᠢᠮ ᠦ᠋ᠨ
ᠤᠲᠠᠰᠤᠨ ᠳᠤᠮᠳᠠ ᠪᠠᠨ ᠲᠣᠳᠣᠷᠠᠭᠰᠠᠨ
ᠤᠶᠠᠩᠭ᠎ᠠ ᠶᠡᠬᠡ ᠴᠤᠤᠷᠢᠶ᠎ᠠ ᠪᠠᠷ
ᠤᠭᠤᠷᠠᠭ ᠲᠠᠷᠢᠬᠢᠨ᠎ᠠ ᠰᠢᠩᠭᠡᠭᠰᠡᠨ
ᠬᠠᠢᠷ᠎ᠠ ᠶ᠋ᠢᠨ ᠶᠡᠬᠡᠬᠡᠨ ᠨᠥᠭᠡᠴᠡ ᠶ᠋ᠢ
ᠬᠠᠳᠠᠭᠠᠯᠠᠵᠤ ᠪᠠᠢᠭᠰᠠᠨ ᠪᠦᠰᠡᠭᠦᠢ
ᠬᠠᠵᠠᠭᠤ ᠳ᠋ᠠᠭᠠᠨ ᠰᠠᠭᠤᠭ᠎ᠠ ᠬᠥᠮᠦᠨ ᠦ᠌
ᠬᠠᠴᠢᠨ ᠰᠠᠨᠠᠭ᠎ᠠ ᠶ᠋ᠢ ᠮᠡᠳᠡᠭᠰᠡᠨ ᠦᠭᠡᠢ᠁᠂
ᠬᠠᠷ᠎ᠠ ᠬᠥᠭᠡᠷᠦᠬᠦᠨ ᠨᠢᠳᠦ ᠪᠡᠷ ᠢ᠋ᠶ᠋ᠡᠨ
ᠬᠠᠢᠷᠠᠲᠠᠢ ᠵᠠᠮᠪᠠᠯ ᠢ᠋ᠶ᠋ᠠᠨ ᠰᠢᠷᠳᠡᠵᠦ
ᠬᠥᠭᠵᠢᠶᠡᠨ ᠶᠠᠷᠢᠶ᠎ᠠ ᠮᠥᠷᠥᠭᠡᠰᠴᠦ
ᠬᠥᠩᠭᠡᠨ ᠵᠥᠭᠡᠯᠡᠨ ᠢᠨᠢᠶᠡᠨ᠎ᠡ᠁
ᠠᠯᠢᠪᠠ ᠬᠦᠰᠡᠯ ᠢ᠋ ᠳᠡᠮᠵᠢᠵᠦ
ᠠᠭᠱᠠᠨ ᠲᠡᠯᠡᠬᠦ ᠵᠢᠷᠦᠬᠡ ᠪᠣᠯ
ᠠᠬᠢᠭᠠᠳ ᠠᠭᠤᠯᠵᠠᠬᠤ ᠶ᠋ᠢ ᠬᠦᠷᠲᠡᠯ᠎ᠡ
ᠠᠮᠠᠷᠠᠬᠤ ᠴᠥᠬᠥᠷᠡᠬᠦ ᠶ᠋ᠢᠨ ᠬᠡᠮᠵᠢᠭᠦᠷ᠃
ᠠᠶᠠᠭᠠᠲᠠᠢ ᠬᠠᠯᠠᠭᠤᠨ ᠴᠠᠢ ᠶ᠋ᠢ
ᠠᠭᠠᠵᠢᠮ ᠪᠠᠭ᠎ᠠ ᠪᠠᠷ ᠵᠠᠯᠭᠢᠯᠠᠬᠤ ᠳ᠋ᠠᠭᠠᠨ
ᠵᠠᠮᠪᠠᠯ ᠤ᠋ᠨ ᠨᠢᠳᠦ ᠰᠦᠮᠡᠢᠵᠦ
ᠵᠠᠮᠪᠠᠭ᠎ᠠ ᠶ᠋ᠢ ᠦᠷᠭᠦᠯᠵᠢ ᠰᠢᠷᠲᠡᠨ᠎ᠡ᠃
ᠠᠮᠢᠳᠤ ᠴᠣᠭᠴᠠᠰ ᠤ᠋ᠨ ᠭᠠᠳᠠᠨ᠎ᠠ ᠡᠴᠡ
ᠠᠵᠢᠨ ᠬᠠᠷᠠᠬᠤ ᠨᠢᠳᠦ ᠪᠣᠯ
ᠠᠶᠠᠲᠠᠢ ᠪᠦᠬᠦᠨ ᠢ᠋ᠶ᠋ᠡᠨ ᠠᠪᠲᠠᠳᠠᠭ
ᠠᠯᠳᠠᠭ᠎ᠠ ᠶᠡᠬᠡᠲᠡᠢ ᠳᠤᠷᠠᠨ ᠶᠤᠮ᠃
ᠵᠠᠮᠪᠠᠯ ᠪᠣᠳᠣᠯ ᠪᠣᠳᠣᠵᠤ ᠪᠠᠢᠨ᠎ᠠ
ᠵᠢᠷᠭᠠᠯ ᠴᠡᠩᠭᠡᠯ ᠦ᠋ᠨ ᠲᠤᠬᠠᠢ ᠴᠤ᠌ ᠪᠢᠰᠢ
ᠵᠢᠶᠠᠵᠠᠯᠠᠬᠤ ᠵᠢᠷᠤᠭ ᠤ᠋ᠨ ᠲᠤᠬᠠᠢ ᠴᠤ᠌ ᠪᠢᠰᠢ
ᠵᠠᠮᠪᠠᠭ᠎ᠠ ᠬᠡᠦᠬᠡᠨ ᠦ᠌ ᠲᠤᠬᠠᠢ᠂᠂᠂᠂
4
《ᠶᠢᠷᠲᠢᠨᠴᠦ ᠭᠡᠳᠡᠭ ᠬᠠᠴᠢᠨ ᠶᠤᠮ
ᠶᠡᠷᠦ ᠡᠴᠡ ᠪᠡᠨ ᠵᠡᠭᠦᠳᠦ ᠰᠢᠭ ᠶᠤᠮ
ᠣᠳᠣ ᠵᠠᠮᠪᠠᠭ᠎ᠠ ᠶ᠋ᠢ ᠬᠠᠷᠠᠬᠤ ᠳ᠋ᠤ᠌
ᠣᠶᠤᠨ ᠰᠡᠳᠬᠢᠯ ᠡᠪᠡᠳᠦᠮᠡᠷ᠁
ᠠᠩᠬᠠᠨ ᠲᠠᠨᠢᠯᠴᠠᠬᠤ ᠶ᠋ᠢᠨ ᠴᠠᠭ ᠲᠤ᠌
ᠶᠠᠮᠠᠷ ᠰᠢᠦ ᠬᠥᠮᠦᠨ ᠪᠠᠢᠯ᠎ᠠ?
ᠠᠷᠢᠭ ᠴᠡᠪᠡᠷᠬᠡᠨ ᠳᠦᠷᠢ ᠶ᠋ᠢ ᠨᠢ
ᠪᠢ ᠬᠡᠴᠢᠨᠡᠭᠡᠨ ᠵᠢᠷᠤᠯ᠎ᠠ⁈᠁
ᠲᠡᠷᠡ ᠦᠶ᠎ᠡ ᠶ᠋ᠢᠨ ᠦᠵᠡᠮᠵᠢ ᠨᠢ
ᠲᠩᠷᠢ ᠶ᠋ᠢᠨ ᠰᠣᠯᠣᠩᠭ᠎ᠠ ᠰᠢᠭ᠋ ᠠᠷᠢᠯᠵᠤ
ᠲᠡᠩᠬᠡᠯᠡᠭᠦᠨ ᠴᠢᠭᠢᠷᠠᠭ ᠪᠡᠶ᠎ᠡ ᠨᠢ
ᠲᠡᠷᠭᠡ ᠶ᠋ᠢᠨ ᠮᠥᠷ ᠰᠢᠭ ᠮᠤᠷᠤᠢᠵᠤ
ᠬᠥᠭᠡᠷᠦᠬᠦᠨ ᠪᠠᠢᠭᠰᠠᠨ ᠨᠢᠭᠤᠷ ᠨᠢ
ᠬᠥᠨᠳᠡᠯᠡᠨ ᠭᠤᠯᠳᠤ ᠦᠭᠡᠢ ᠰᠣᠷᠪᠢ ᠲᠠᠢ
ᠬᠥᠳᠡᠯᠬᠦ᠂ ᠭᠢᠰᠬᠢᠬᠦ ᠪᠣᠯᠭᠠᠨ ᠳ᠋ᠠᠭᠠᠨ
ᠬᠥᠯ ᠦ᠋ᠨ ᠢ᠋ᠶ᠋ᠡᠨ ᠬᠠᠵᠠᠭᠤ ᠳ᠋ᠤ᠌ ᠲᠠᠶᠠᠭ ᠲᠠᠢ᠁
ᠬᠠᠮᠤᠭ ᠤ᠋ᠨ ᠠᠩᠬᠠᠨ ᠤ᠋ ᠤᠴᠠᠷᠠᠯ ᠲᠠᠢ
ᠬᠠᠷᠢᠴᠠᠭᠤᠯᠤᠭᠠᠳ ᠣᠳᠣ ᠶᠠᠭᠠᠬᠢᠬᠤ ᠪᠣᠢ᠂
ᠬᠠᠢᠷᠠᠨ ᠬᠡᠦᠬᠡᠨ ᠭᠡᠵᠦ
ᠬᠠᠷᠠᠮᠰᠠᠭᠠᠳ ᠴᠤ᠌ ᠣᠳᠣ ᠥᠩᠭᠡᠷᠡᠵᠡᠢ᠁
ᠡᠷᠡᠮᠳᠡᠭ ᠡᠢᠮᠦ ᠬᠥᠮᠦᠨ ᠲᠡᠢ
ᠡᠷᠡᠭᠦᠯ ᠪᠡᠶ᠎ᠡ ᠪᠡᠨ ᠬᠣᠯᠪᠣᠵᠤ
ᠡᠨᠡ ᠨᠠᠰᠤ ᠶ᠋ᠢ ᠪᠠᠷᠠᠬᠤ ᠳ᠋ᠤ᠌
ᠨᠠᠳᠠ ᠳ᠋ᠤ᠌ ᠶᠠᠭᠠᠬᠢᠭᠰᠠᠨ ᠬᠡᠴᠡᠭᠦᠦ ᠪᠣᠢ?
ᠤᠷᠠᠯᠢᠭ ᠤ᠋ᠨ ᠰᠠᠢᠬᠠᠨ ᠠᠪᠢᠶᠠᠰ
ᠤᠯᠠᠭ᠎ᠠ ᠪᠤᠲᠠᠷᠠᠭᠰᠠᠨ ᠨᠠᠰᠤ ᠮᠢᠨᠢ
ᠰᠤᠤ ᠵᠠᠯᠢ ᠪᠠᠷ ᠮᠠᠨᠳᠤᠯ ᠦᠭᠡᠢ
ᠰᠤᠪᠢᠯᠠᠭᠴᠢ ᠪᠣᠯᠤᠭᠠᠳ ᠥᠩᠭᠡᠷᠡᠬᠦ ᠤᠤ⁈᠁ ᠦᠭᠡᠢ!
ᠵᠠᠮᠪᠠᠭ᠎ᠠ ᠶ᠋ᠢᠨ ᠡᠢᠮᠦ ᠪᠣᠯᠤᠭᠰᠠᠨ
ᠵᠠᠷᠢᠮ ᠨᠢᠭᠡ ᠪᠤᠷᠤᠭᠤ ᠨᠢ
ᠵᠠᠢᠯᠠᠰᠢ ᠦᠭᠡᠢ ᠨᠠᠳᠠ ᠳ᠋ᠤ᠌ ᠪᠠᠢᠭᠰᠠᠨ ᠴᠤ᠌
ᠵᠠᠰᠠᠷᠠᠬᠤ ᠰᠢᠳᠬᠡᠯ ᠢ᠋ᠶ᠋ᠡᠨ ᠦᠵᠡᠵᠦ
ᠡᠨᠡ ᠬᠡᠦᠬᠡᠨ ᠦ᠌ ᠲᠥᠯᠥᠭᠡ
ᠡᠷᠬᠡ ᠴᠢᠯᠥᠭᠡ ᠪᠡᠨ ᠴᠦ᠍ ᠬᠠᠰᠤᠭᠤᠯᠵᠤ
ᠠᠳᠠᠯᠢᠬᠠᠨ ᠵᠣᠪᠠᠭᠰᠠᠨ ᠪᠣᠯᠬᠤ ᠪᠠᠷ
ᠠᠯᠤᠰ ᠤ᠋ᠨ ᠶᠠᠪᠤᠳᠠᠯ ᠴᠤ᠌ ᠶᠠᠭᠠᠮᠠᠢ!
ᠦᠨᠡᠨᠴᠢ ᠦᠨᠡᠨᠴᠢ ᠯᠡ ᠭᠡᠨ᠎ᠡ᠁
ᠦᠨᠡᠨ ᠳ᠋ᠡᠭᠡᠨ ᠬᠣᠪᠣᠷ ᠲᠡᠷᠡ ᠴᠢᠨᠢ᠂
ᠦᠬᠦᠵᠦ ᠮᠥᠬᠥᠬᠦ ᠶ᠋ᠢᠨ ᠴᠠᠭ ᠲᠤ᠌
ᠳᠤᠷᠠᠲᠠᠢ ᠳᠤᠷ᠎ᠠ ᠦᠭᠡᠢ ᠴᠦ᠍ ᠰᠠᠯᠤᠨ᠎ᠠ᠁
ᠭᠦᠦᠷ ᠳᠡᠭᠡᠷ᠎ᠡ ᠯᠡ ᠦᠷᠡᠭᠳᠡᠭᠡ ᠪᠢᠵᠡ
ᠭᠦᠢᠴᠡᠭᠡ ᠰᠢᠦ ᠳᠡ ᠲᠡᠭᠡᠭᠡᠳ᠁
ᠠᠮᠢᠳᠤᠷᠠᠯ ᠳ᠋ᠤ᠌ ᠡᠭᠦᠨ ᠲᠡᠢ ᠨᠣᠵᠣᠭᠤᠷᠠᠯ ᠦᠭᠡᠢ
ᠠᠯᠬᠤᠮ ᠬᠢᠪᠡᠯ ᠳᠡᠭᠡᠷ᠎ᠡ ᠪᠠᠢᠬ᠎ᠠ!》
ᠰᠡᠳᠬᠢᠯ ᠳᠣᠲᠣᠷ᠎ᠠ ᠪᠠᠨ ᠵᠠᠮᠪᠠᠯ
ᠰᠡᠳᠦᠵᠦ ᠢᠩᠭᠢᠵᠦ ᠰᠢᠢᠳᠦᠭᠰᠡᠨ ᠴᠦ᠍
ᠢᠯᠡ ᠭᠠᠷᠭᠠᠵᠤ ᠬᠡᠯᠡᠬᠦ ᠦᠭᠡᠢ
ᠢᠨᠢᠶᠡᠵᠦ ᠨᠠᠷᠭᠢᠵᠤ ᠰᠠᠭᠤᠨ᠎ᠠ᠃
ᠬᠣᠲᠠ ᠶ᠋ᠢᠨ ᠵᠠᠷᠢᠮ ᠰᠣᠨᠢᠨ ᠡᠴᠡ
ᠬᠣᠢᠨ᠎ᠠ ᠤᠷᠢᠳᠤ ᠨᠢ ᠶᠠᠷᠢᠭᠰᠠᠭᠠᠷ
ᠲᠠᠢᠪᠤᠩ ᠶᠡᠬᠡᠮᠰᠦᠭ ᠪᠠᠢᠳᠠᠯ ᠢ᠋ᠶ᠋ᠠᠷ
ᠲᠠᠮᠠᠬᠢ ᠪᠠᠨ ᠭᠠᠷᠭᠠᠵᠤ ᠢᠷᠡᠨ᠎ᠡ᠃
ᠮᠥᠩᠭᠥᠨ ᠬᠠᠢᠷᠴᠠᠭ ᠲᠤᠷ ᠬᠢᠯᠭᠡᠵᠦ
ᠮᠥᠳᠳᠥᠬᠡᠨ ᠡᠪᠯᠢᠭᠬᠡᠨ ᠵᠠᠭᠤᠵᠤ
《ᠳᠣᠮᠪᠣᠨ ᠠᠰᠠᠭᠠᠭᠤᠷ》ᠱᠠᠷ ᠬᠢᠯᠭᠡᠵᠦ
ᠳᠣᠬᠢ ᠪᠠᠢᠳᠠᠯ ᠢ᠋ᠶ᠋ᠠᠷ ᠠᠰᠠᠭᠠᠨ᠎ᠠ᠃
ᠰᠣᠷᠣᠵᠤ ᠪᠠᠢᠭ᠎ᠠ ᠲᠠᠮᠠᠬᠢᠨ ᠤ᠋ ᠭᠠᠯ
ᠰᠣᠬᠣᠷ ᠨᠢᠳᠦ ᠰᠢᠭ ᠤᠯᠠᠯᠵᠠᠨ᠎ᠠ᠂
ᠰᠣᠷᠣᠭᠳᠠᠭᠠᠳ ᠭᠠᠷᠤᠭᠰᠠᠨ ᠴᠡᠩᠬᠡᠷ ᠤᠲᠤᠭ᠎ᠠ
ᠰᠣᠭᠲᠣᠭᠤ ᠶᠤᠮ ᠰᠢᠭ᠋ ᠮᠤᠷᠤᠯᠵᠠᠨᠠ᠁
ᠵᠠᠮᠪᠠᠭ᠎ᠠ ᠬᠥᠭᠡᠷᠦᠬᠦᠨ ᠢᠨᠢᠶᠡᠵᠦ
《ᠴᠠᠢ ᠤᠤᠭᠤ ᠯᠠ ᠳᠠ》ᠭᠡᠨ᠎ᠡ
ᠵᠠᠷᠢᠮ ᠳ᠋ᠠᠭᠠᠨ ᠮᠥᠷᠥ ᠶ᠋ᠢ ᠨᠢ ᠲᠦᠰᠢᠵᠦ
《ᠴᠠᠭᠠᠰᠢ ᠨᠢ ᠶᠠᠷᠢ ᠯᠠ ᠳᠠ》ᠭᠡᠨ᠎ᠡ᠁
ᠦᠳᠡᠰᠢ ᠶ᠋ᠢᠨ ᠪᠦᠷᠦᠢ ᠪᠣᠯᠬᠤ ᠪᠠᠷ
ᠵᠠᠮᠪᠠᠯ ᠶᠠᠪᠤᠬᠤ ᠪᠠᠷ ᠪᠣᠰᠤᠯ᠎ᠠ᠂
ᠦᠳᠡᠵᠦ ᠭᠠᠷᠭᠠᠵᠤ ᠥᠭᠬᠦ ᠪᠡᠷ
ᠵᠠᠮᠪᠠᠭ᠎ᠠ ᠴᠤ᠌ ᠶᠠᠭᠠᠷᠠᠨ ᠪᠣᠰᠤᠯ᠎ᠠ᠃
| ᠶᠠᠭᠠᠷᠠᠤ ᠬᠡᠷᠡᠭ ᠲᠡᠢ ᠪᠣᠯᠬᠤ ᠪᠠᠷ
ᠶᠠᠭᠠᠬᠢᠶ᠎ᠠ ᠭᠡᠬᠦᠪ᠂ ᠶᠠᠪᠤᠬᠤ ᠡᠴᠡ᠁
ᠬᠣᠶᠠᠷ ᠬᠣᠨᠣᠭᠠᠳ ᠢᠷᠡᠨ᠎ᠡ ᠠ᠋᠂
ᠬᠣᠩᠭᠣᠷ ᠮᠢᠨᠢ ᠪᠠᠶᠠᠷᠲᠠᠢ᠁
ᠬᠠᠢᠷᠠᠲᠠᠢ ᠵᠠᠮᠪᠠᠯ ᠨᠢ ᠭᠠᠷᠴᠤ
ᠬᠠᠰᠢᠶᠠᠨ ᠤ᠋ ᠬᠠᠭᠠᠯᠭ᠎ᠠ ᠬᠠᠭᠠᠭᠳᠠᠯ᠎ᠠ᠁
ᠴᠣᠴᠢᠵᠤ ᠳᠠᠭᠤ ᠠᠯᠳᠠᠬᠤ ᠰᠢᠭ᠋
ᠴᠣᠩᠬᠣᠨ ᠤ᠋ ᠬᠠᠭᠠᠯᠲᠠ ᠴᠢᠬᠠᠷᠠᠯᠠ᠁
ᠬᠠᠪᠤᠷ ᠤ᠋ᠨ ᠪᠦᠷᠬᠦᠭ ᠰᠥᠨᠢ
ᠬᠠᠪᠰᠠᠷᠭ᠎ᠠ ᠰᠠᠯᠬᠢ ᠦᠯᠢᠶᠡᠵᠦ ᠪᠠᠢᠨ᠎ᠠ
ᠬᠠᠭᠤᠷᠲᠠᠵᠤ ᠦᠯᠡᠳᠡᠭᠰᠡᠨ ᠪᠦᠰᠡᠭᠦᠢ
ᠬᠤᠪᠢ ᠵᠠᠶᠠᠭ᠎ᠠ ᠪᠠᠨ ᠬᠦᠯᠢᠶᠡᠵᠦ ᠪᠠᠢᠨ᠎ᠠ᠁
