ᠵᠠᠯᠠᠭᠤ ᠨᠠᠰᠤ06-ᠷ ∙ ᠴᠣᠢᠨᠣᠮ-ᠨᠠᠢᠷᠠᠭᠯᠠᠯЗалуу нас-Р.Чойном Zaluu nas-R.Choinom
ᠵᠠᠯᠠᠭᠤ ᠨᠠᠰᠤ06
ᠷ᠂ ᠴᠤᠢᠨᠥᠮ
ᠵᠢᠷᠭᠤᠳᠤᠭᠠᠷ ᠪᠦᠯᠦᠭ
1
ᠵᠠᠮᠪᠠᠭ᠎ᠠ ᠡᠴᠡ ᠵᠠᠮᠪᠠᠯ ᠳ᠋ᠤ᠌ ᠪᠢᠴᠢᠭᠰᠡᠨ ᠵᠠᠬᠢᠳᠠᠯ
ᠲᠠᠨ ᠳ᠋ᠤ᠌ ᠬᠡᠷᠡᠭ ᠦᠭᠡᠢ ᠴᠦ᠍ ᠭᠡᠰᠡᠨ
ᠲᠠᠨ ᠢ᠋ ᠬᠦᠨᠳᠦᠯᠡᠨ ᠬᠠᠢᠷᠠᠯᠠᠬᠤ
ᠲᠠᠩᠰᠤᠭ ᠶᠡᠬᠡ ᠬᠠᠢᠷ᠎ᠠ ᠮᠢᠨᠢ
ᠬᠡᠪ ᠢ᠋ᠶ᠋ᠡᠷ ᠢ᠋ᠶ᠋ᠡᠨ ᠪᠠᠢᠭ᠎ᠠ ᠰᠡᠳᠬᠢᠯ ᠡᠴᠡ
ᠡᠴᠦᠰ ᠦ᠋ᠨ ᠮᠡᠨᠳᠦ ᠶ᠋ᠢ ᠬᠦᠷᠭᠡᠵᠦ
ᠵᠠᠮᠪᠠᠭ᠎ᠠ ᠪᠢ ᠴᠢᠨᠢ ᠪᠢᠴᠢᠵᠦ ᠪᠠᠢᠨ᠎ᠠ
ᠡᠨᠡ ᠨᠢᠭᠡᠨ ᠨᠠᠰᠤᠨ ᠤ᠋ ᠪᠠᠨ
ᠵᠠᠬᠢᠳᠠᠯ ᠭᠡᠷᠢᠶᠡᠰ ᠢ᠋ ᠦᠯᠡᠳᠡᠭᠡᠵᠦ ᠪᠠᠢᠨ᠎ᠠ᠃
ᠲᠣᠭ᠎ᠠ ᠬᠡᠮᠵᠢᠶ᠎ᠡ ᠲᠣᠭᠲᠠᠭᠠᠰᠢ ᠦᠭᠡᠢ
ᠢᠲᠡᠭᠡᠯ ᠮᠥᠷᠥᠭᠡᠳᠦᠯ ᠪᠦᠬᠦᠨ ᠦ᠌ ᠮᠢᠨᠢ
ᠲᠣᠭᠣᠵᠤ ᠨᠢᠭᠡᠨᠲᠡ ᠦᠵᠡᠭᠡ ᠦᠭᠡᠢ
ᠬᠠᠢᠷᠠᠲᠠᠢ ᠬᠥᠮᠦᠨ ᠴᠢᠮ᠎ᠠ ᠡᠴᠡ ᠪᠠᠨ
ᠲᠣᠰᠬᠣᠨ ᠠᠢᠯ ᠤ᠋ᠨ ᠵᠡᠯᠢᠭᠦᠳ ᠲᠦ᠍
ᠬᠠᠶᠠᠭᠳᠠᠵᠤ ᠪᠢ ᠥᠨᠥᠴᠢᠷᠡᠬᠦ ᠳ᠋ᠡᠭᠡᠨ
ᠲᠣᠯᠣᠭᠠᠢ ᠭᠣᠳᠣᠢᠨ ᠤᠬᠢᠯᠠᠵᠤ
ᠬᠠᠢᠷ᠎ᠠ ᠡᠨᠡᠷᠢᠯ ᠭᠤᠶᠤᠬᠤ ᠦᠭᠡᠢ!
ᠭᠡᠨᠡᠨ ᠬᠣᠩᠭᠣᠷ ᠪᠣᠯᠪᠠᠴᠤ
ᠵᠠᠯᠠᠭᠤ ᠬᠠᠯᠠᠭᠤᠨ ᠨᠠᠰᠤᠨ ᠤ᠋ ᠪᠠᠨ
ᠬᠡᠨ ᠦ᠌ ᠴᠦ᠍ ᠡᠮᠦᠨ᠎ᠡ ᠪᠥᠬᠥᠢᠰᠢ ᠦᠭᠡᠢ
ᠣᠮᠣᠭ ᠵᠣᠷᠢᠭ ᠤ᠋ᠨ ᠡᠷᠴᠢ ᠪᠡᠷ
ᠪᠦᠲᠦᠯ ᠦᠭᠡᠢ ᠬᠤᠪᠢ ᠵᠠᠶᠠᠭ᠎ᠠ ᠪᠠᠨ ᠪᠢ
ᠳᠡᠭᠡᠳᠦ ᠬᠡᠮᠵᠢᠶ᠎ᠡ ᠪᠡᠷ ᠰᠢᠳᠬᠡᠪᠡᠴᠦ
ᠪᠦᠰᠡᠭᠦᠢ ᠬᠥᠮᠦᠨ ᠬᠡᠴᠡᠭᠦᠦ ᠶᠤᠮ᠁
ᠵᠠᠮᠪᠠᠯ ᠴᠢᠮ᠎ᠠ ᠳ᠋ᠠᠭᠠᠨ ᠭᠣᠮᠣᠳᠠᠵᠤ ᠪᠠᠢᠨ᠎ᠠ᠃
ᠤᠴᠠᠷᠠᠨ ᠳᠠᠰᠤᠭᠰᠠᠨ ᠬᠠᠢᠷ᠎ᠠ ᠶ᠋ᠢ ᠮᠢᠨᠢ
ᠴᠢ ᠢᠩᠭᠢᠵᠦ ᠨᠢᠷᠭᠡᠭᠰᠡᠨ ᠴᠦ᠍
ᠠᠭᠤᠯᠠᠨ ᠡᠴᠡ ᠴᠦ᠍ ᠥᠨᠳᠥᠷ ᠭᠣᠮᠣᠳᠠᠯ ᠢ᠋ ᠮᠢᠨᠢ
ᠬᠦᠯᠢᠴᠡᠨ ᠰᠣᠨᠣᠰᠬᠤ ᠶᠣᠰᠣᠲᠠᠢ!
ᠲᠠᠶᠠᠭ ᠲᠤᠯᠤᠭᠰᠠᠨ ᠪᠡᠶ᠎ᠡ ᠶ᠋ᠢᠨ ᠮᠢᠨᠢ
ᠲᠠᠷᠲᠠᠭ ᠢ᠋ ᠴᠢ ᠪᠠᠷᠠᠭᠰᠠᠨ ᠴᠦ᠍
ᠲᠠᠩᠬᠢᠯ ᠵᠥᠭᠡᠯᠡᠨ ᠠᠭᠠᠰᠢ ᠶ᠋ᠢ ᠮᠢᠨᠢ
ᠰᠠᠨᠠᠵᠤ ᠶᠠᠪᠤᠬᠤ ᠶᠣᠰᠣᠲᠠᠢ !
ᠬᠡᠦᠬᠡᠳ ᠦ᠋ᠨ ᠠᠭᠠᠯᠢ ᠰᠢᠭ᠋ ᠬᠥᠩᠭᠡᠨ
ᠵᠥᠭᠡᠯᠡᠨ ᠲᠡᠷᠡ ᠠᠭᠠᠰᠢᠨ ᠳ᠋ᠤ᠌
ᠬᠡᠦᠬᠡᠨ ᠵᠠᠮᠪᠠᠭ᠎ᠠ ᠮᠢᠨᠦ
ᠪᠠᠯᠴᠢᠷ ᠨᠢᠯᠬ᠎ᠠ ᠳᠤᠷᠠᠯᠠᠯ
ᠬᠦᠰᠡᠯ ᠮᠥᠷᠥᠭᠡᠳᠦᠯ ᠦ᠋ᠨ
ᠰᠠᠢᠬᠠᠨ ᠪᠦᠬᠦᠨ ᠪᠠᠭᠲᠠᠭᠰᠠᠨ ᠢ᠋
ᠬᠥᠮᠦᠨ ᠦ᠌ ᠬᠦᠷᠡᠩ ᠪᠥᠭᠡᠷ᠎ᠡ ᠲᠡᠢ
ᠵᠠᠮᠪᠠᠯ ᠴᠢ ᠮᠢᠨᠢ ᠣᠢᠯᠠᠭᠠᠭ᠎ᠠ ᠦᠭᠡᠢ!
ᠠᠩᠬᠠᠨ ᠲᠠᠨ ᠢ᠋ ᠦᠵᠡᠭᠰᠡᠨ
ᠡᠭᠦᠷᠢᠳᠡ ᠶ᠋ᠢᠨ ᠳᠤᠷᠠᠰᠬᠠᠯᠲᠤ ᠣᠷᠣᠢ ᠡᠴᠡ
ᠠᠬᠢᠭᠠᠳ ᠬᠣᠢᠰᠢ ᠨᠢ ᠦᠷᠭᠦᠯᠵᠢᠯᠡᠭᠰᠡᠨ
ᠬᠠᠯᠠᠭᠤᠨ᠂ ᠬᠦᠢᠲᠡᠨ ᠤᠯᠠᠷᠢᠯ ᠤ᠋ᠳ ᠲᠤ᠌
ᠠᠮᠠᠷᠠᠭ ᠴᠢᠮᠠᠶ᠋ᠢ ᠪᠠᠨ ᠭᠡᠭᠰᠡᠭᠡᠷ
ᠠᠰᠬᠠᠷᠠᠭᠤᠯᠵᠤ ᠰᠡᠮᠬᠡᠨ ᠤᠬᠢᠯᠠᠭᠰᠠᠭᠠᠷ
ᠠᠶᠤᠯᠲᠤ ᠰᠢᠷᠬᠠᠨ ᠤ᠋ ᠬᠠᠯᠠᠭᠤᠨ ᠢ᠋ᠶ᠋ᠠᠷ
ᠨᠡᠷ᠎ᠡ ᠶ᠋ᠢ ᠴᠢᠨᠢ ᠳᠠᠭᠤᠳᠠᠨ ᠬᠦᠯᠢᠶᠡᠭᠰᠡᠨ᠂
ᠬᠦᠯᠢᠶᠡᠬᠦ ᠳ᠋ᠡᠭᠡᠨ ᠪᠢ᠂
ᠵᠡᠭᠦᠳᠦ ᠵᠦᠩ᠂ ᠵᠢᠳᠬᠦᠯ ᠪᠦᠲᠦᠭᠡᠯ ᠢ᠋ᠶ᠋ᠡᠷ ᠢ᠋ᠶ᠋ᠡᠨ
ᠬᠡᠦᠬᠡᠨ ᠦ᠌ ᠵᠥᠭᠡᠯᠡᠨ ᠰᠡᠳᠬᠢᠯ ᠢ᠋ᠶ᠋ᠡᠷ᠁
ᠢᠷᠡᠭᠡᠳᠦᠢ ᠶ᠋ᠢᠨ ᠡᠬᠡ ᠶ᠋ᠢᠨ ᠢᠲᠡᠭᠡᠯ ᠢ᠋ᠶ᠋ᠡᠷ
ᠨᠠᠮᠠᠶ᠋ᠢ ᠡᠢᠮᠦ ᠪᠣᠯᠭᠠᠭᠰᠠᠨ ᠭᠡᠯ ᠦᠭᠡᠢ
ᠴᠢᠮᠠᠶ᠋ᠢ ᠪᠢ ᠠᠭᠤᠴᠢᠯᠠᠭᠰᠠᠨ ᠶᠤᠮ
ᠨᠠᠳᠠ ᠡᠴᠡ ᠥᠭᠡᠷ᠎ᠡ ᠬᠥᠮᠦᠨ ᠪᠣᠯ᠁
ᠴᠢᠮ᠎ᠠ ᠳ᠋ᠤ᠌ ᠥᠰᠢᠷᠡᠵᠦ ᠴᠦ᠍ ᠮᠠᠭᠠᠳ ᠦᠭᠡᠢ ᠰᠠᠨ᠁
| ᠠᠢ ᠵᠠᠮᠪᠠᠯ ᠮᠢᠨᠢ᠁
ᠪᠢ ᠬᠡᠵᠢᠶ᠎ᠡ ᠴᠦ᠍ ᠭᠡᠰᠡᠨ
ᠠᠩᠬᠠᠨ ᠤ᠋ ᠢᠨᠠᠭ ᠤ᠋ᠨ ᠬᠤᠪᠢ ᠪᠠᠷ
ᠴᠢᠮ᠎ᠠ ᠳ᠋ᠠᠭᠠᠨ ᠥᠰᠢᠷᠡᠵᠦ ᠴᠢᠳᠠᠬᠤ ᠦᠭᠡᠢ ᠨᠢ!
ᠠᠷᠢᠭᠤᠨ ᠦᠨᠡᠨ ᠬᠠᠢᠷ᠎ᠠ ᠮᠢᠨᠢ
ᠴᠢᠨᠦ ᠬᠣᠢᠨ᠎ᠠ ᠡᠴᠡ ᠲᠡᠮᠡᠦᠯᠦᠭᠰᠡᠭᠡᠷ
ᠠᠯᠠᠬᠠᠬᠠᠨ ᠵᠢᠷᠦᠬᠡᠨ ᠦ᠌ ᠮᠢᠨᠢ ᠬᠠᠮᠲᠤ
ᠴᠢᠭᠢᠭᠲᠦ ᠭᠠᠵᠠᠷ ᠪᠤᠯᠠᠭᠳᠠᠬᠤ ᠨᠢ!
ᠦᠵᠡᠭᠡᠷᠡᠢ᠂ ᠵᠠᠮᠪᠠᠯ ᠮᠢᠨᠢ
ᠬᠡᠵᠢᠶ᠎ᠡ ᠨᠢᠭᠡᠨ ᠴᠠᠭ ᠲᠤ᠌
ᠦᠷᠡᠵᠢᠯ ᠰᠢᠮᠡᠲᠡᠢ ᠭᠠᠵᠠᠷ ᠡᠴᠡ
ᠴᠡᠴᠡᠭ ᠦ᠋ᠨ ᠰᠠᠢᠬᠠᠨ ᠤᠷᠭᠤᠬᠤ ᠶ᠋ᠢ
ᠬᠠᠷᠠᠭᠠᠷᠠᠢ᠂ ᠬᠣᠩᠭᠣᠷ ᠮᠢᠨᠢ
ᠬᠠᠮᠢᠭ᠎ᠠ ᠭᠠᠵᠠᠷ ᠢᠯᠭᠠᠭ᠎ᠠ ᠦᠭᠡᠢ
ᠬᠠᠢᠷᠠᠲᠠᠢ ᠬᠣᠶᠠᠷ ᠤ᠋ᠨ ᠳᠤᠮᠳᠠ ᠡᠴᠡ
ᠬᠥᠮᠦᠨ ᠦ᠌ ᠦᠷ᠎ᠡ ᠲᠥᠷᠥᠬᠦ ᠶ᠋ᠢ!
ᠳᠡᠯᠭᠡᠷᠡᠭᠰᠡᠨ ᠲᠡᠢᠮᠦ ᠴᠡᠴᠡᠭ ᠢ᠋
ᠭᠠᠷᠳᠠᠵᠤ ᠴᠢ ᠠᠪᠤᠭᠠᠳ
ᠳᠡᠯᠪᠢ ᠶᠦ᠍ᠭᠡᠨ ᠢ᠋ ᠨᠢ ᠲᠠᠰᠤᠴᠢᠵᠤ
ᠰᠢᠷᠣᠢ ᠳ᠋ᠤ᠌ ᠴᠢ ᠪᠤᠯᠠᠯᠠ!
ᠰᠢᠩᠭᠡᠭᠰᠡᠨ ᠨᠢᠯᠪᠤᠰᠤ᠂ ᠪᠡᠶ᠎ᠡ ᠶ᠋ᠢ
ᠬᠠᠳᠠᠭᠠᠯᠠᠬᠤ ᠰᠢᠷᠣᠢ ᠳᠡᠭᠡᠭᠦᠷ
ᠰᠢᠪ ᠰᠢᠨᠡᠬᠡᠨ ᠢᠨᠠᠭ ᠲᠠᠢ ᠪᠠᠨ
ᠴᠢ ᠨᠠᠷᠭᠢᠨ ᠵᠤᠭᠠᠯᠠᠬᠤ ᠪᠢᠵᠡ᠁
ᠶᠠᠭᠠᠬᠢᠶ᠎ᠠ ᠭᠡᠬᠦ ᠪᠣᠢ ᠵᠠᠮᠪᠠᠯ ᠮᠢᠨᠢ᠁
ᠪᠢ ᠡᠷᠡᠮᠳᠡᠭ ᠪᠣᠯᠤᠭᠠᠳ
ᠶᠠᠪᠤᠨ ᠳᠠᠰᠤᠭ᠎ᠠ ᠦᠭᠡᠢ
ᠬᠠᠷᠠᠨ ᠳᠤᠷᠠᠯᠠᠭᠰᠠᠨ ᠤ᠋ ᠮᠢᠨᠢ ᠠᠯᠳᠠᠭ᠎ᠠ ᠪᠣᠯᠵᠤ
ᠢᠨᠠᠭ ᠰᠠᠢᠬᠠᠨ ᠰᠡᠳᠬᠢᠯ ᠴᠢᠨᠢ
ᠥᠭᠡᠷ᠎ᠡ ᠰᠠᠢᠬᠠᠨ ᠳ᠋ᠤ᠌ ᠴᠢᠭᠯᠡᠭᠰᠡᠨ ᠬᠣᠢᠨ᠎ᠠ
ᠢᠷᠠᠭᠤ ᠰᠠᠢᠬᠠᠨ ᠠᠯᠳᠠᠷ ᠴᠢᠨᠢ
ᠥᠨᠢᠳᠡ ᠮᠠᠨᠳᠤᠵᠤ ᠶᠠᠪᠤᠭ ᠳᠠ᠁
ᠦᠬᠦᠲᠡᠯ᠎ᠡ ᠪᠡᠨ ᠬᠠᠭᠤᠷᠲᠠᠭᠰᠠᠨ
ᠬᠠᠨᠲᠠᠯ᠎ᠠ ᠪᠠᠨ ᠵᠢᠷᠭᠠᠭᠰᠠᠨ ᠬᠣᠶᠠᠷ ᠬᠥᠮᠦᠨ ᠦ᠌
ᠦᠵᠡᠯ ᠰᠠᠨᠠᠭ᠎ᠠ
ᠬᠥᠮᠦᠨ ᠴᠢᠨᠠᠷ ᠤ᠋ᠨ ᠪᠤᠷᠤᠭᠤ ᠵᠥᠪ ᠢ᠋
ᠦᠶ᠎ᠡ ᠶ᠋ᠢᠨ ᠣᠯᠠᠨ ᠵᠠᠯᠠᠭᠤᠰ
ᠦᠵᠡᠨ ᠬᠠᠷᠠᠨ ᠢᠯᠭᠠᠨ᠎ᠠ
ᠦᠢ ᠲᠦᠮᠡᠨ ᠰᠡᠳᠬᠢᠬᠦᠢ
ᠦᠨᠡᠨ ᠬᠤᠳᠠᠯ ᠢ᠋ ᠨᠢ ᠰᠢᠯᠭᠠᠨ᠎ᠠ᠃
ᠵᠠᠮᠪᠠᠭ᠎ᠠ ᠭᠡᠳᠡᠭ᠂ ᠡᠢᠮᠦ
ᠨᠢᠭᠡᠨ ᠲᠡᠨᠡᠭ ᠬᠡᠦᠬᠡᠨ ᠦ᠌
ᠵᠠᠯᠠᠭᠤ ᠪᠠᠭ᠎ᠠ ᠨᠠᠰᠤᠨ ᠳ᠋ᠠᠭᠠᠨ
ᠱᠤᠤᠭᠢᠵᠤ ᠶᠠᠪᠤᠭᠰᠠᠨ ᠨᠡᠢᠭᠡᠮ ᠪᠣᠯ
ᠠᠵᠢᠯ᠂ ᠳᠤᠷᠠᠯᠠᠯ ᠬᠣᠶᠠᠷ ᠢ᠋
ᠮᠥᠷᠥ ᠵᠡᠷᠭᠡ ᠠᠯᠬᠤᠭᠤᠯᠤᠭᠰᠠᠨ
ᠠᠷᠢᠭᠤᠨ ᠰᠢᠳᠤᠷᠭᠤ ᠬᠥᠮᠦᠰ ᠦ᠋ᠨ
ᠠᠪᠤᠷᠭᠤ ᠲᠣᠮᠣ ᠰᠢᠭᠦᠬᠦ ᠶᠤᠮ ᠰᠢᠦ!
ᠨᠢᠮᠭᠡᠨ ᠴᠠᠭᠠᠰᠤ ᠲᠠᠢ᠂
ᠰᠢᠩᠭᠡᠨ ᠪᠡᠬᠡ ᠲᠡᠢ ᠪᠣᠯᠪᠠᠴᠤ
ᠨᠢᠩᠵᠢᠨ ᠰᠡᠳᠬᠢᠯ ᠦ᠋ᠨ ᠭᠣᠮᠣᠳᠠᠯ ᠢ᠋
ᠨᠡᠬᠡᠬᠦ ᠡᠨᠡ ᠵᠠᠬᠢᠳᠠᠯ
ᠨᠡᠢᠲᠡ ᠶ᠋ᠢᠨ ᠰᠢᠭᠦᠬᠦ ᠳ᠋ᠦ᠍
ᠮᠢᠨᠦ ᠭᠠᠷᠭᠠᠬᠤ ᠡᠷᠭᠦᠳᠡᠯ ᠶᠤᠮ᠂
ᠨᠢ ᠨᠣ ᠦᠭᠡᠢ
ᠦᠯᠡᠳᠡᠭᠡᠵᠦ ᠣᠷᠬᠢᠬᠤ ᠭᠡᠷᠢᠶᠡᠰᠦᠯᠡᠯ ᠶᠤᠮ ᠁
ᠥᠨᠥ ᠶ᠋ᠢᠨ ᠡᠨᠡ ᠵᠠᠬᠢᠶ᠎ᠠ᠂
ᠮᠠᠷᠭᠠᠰᠢ ᠴᠢᠮ᠎ᠠ ᠳ᠋ᠤ᠌ ᠬᠦᠷᠪᠡᠴᠦ
ᠥᠩᠭᠡᠴᠡ ᠬᠤᠷᠳᠤᠨ ᠤᠩᠰᠢᠭᠠᠳ
ᠮᠠᠷᠲᠠᠭᠠᠳ ᠴᠢ ᠬᠠᠶᠠᠪᠠᠴᠤ
ᠪᠤᠭᠤᠷᠤᠯ ᠪᠣᠯᠤᠭᠰᠠᠨ ᠬᠣᠢᠨ᠎ᠠ ᠯᠠ
ᠮᠠᠷᠲᠠᠭᠰᠠᠨ ᠶᠠᠭᠤᠮᠠᠰ ᠰᠠᠨᠠᠭᠳᠠᠵᠤ
ᠪᠤᠯᠲᠤ ᠪᠠᠷ ᠢ᠋ᠶ᠋ᠠᠨ ᠦᠨᠡᠲᠡᠢ ᠪᠠᠢᠭᠰᠠᠨ ᠨᠢ
ᠨᠢᠭᠡ ᠯᠡ ᠮᠡᠳᠡᠭᠳᠡᠬᠦ ᠪᠠᠢᠬ᠎ᠠ ᠳᠠ᠁
ᠬᠠᠷᠢᠨ ᠲᠡᠭᠦᠨ ᠡᠴᠡ ᠨᠠᠭᠠᠨ᠎ᠠ᠂
ᠠᠮᠠᠷᠠᠭ ᠴᠢᠨᠢ(ᠶᠠᠭᠠᠬᠢᠵᠤ ᠮᠡᠳᠡᠬᠦ ᠪᠣᠢ )
ᠬᠠᠯᠠᠮᠵᠢ ᠬᠠᠢᠷ᠎ᠠ ᠪᠠᠷ ᠨᠠᠳᠠ ᠡᠴᠡ
ᠠᠷᠠᠢ ᠳᠤᠲᠠᠭᠤ ᠪᠠᠢᠪᠠᠯ
ᠵᠠᠷᠢᠮ ᠳᠣᠬᠢ ᠦᠭᠡᠢ ᠦᠶ᠎ᠡ ᠳ᠋ᠡᠭᠡᠨ ᠴᠢ ᠮᠢᠨᠢ
ᠨᠠᠮᠠᠢ ᠪᠠᠨ ᠰᠡᠳᠬᠢᠬᠦ ᠪᠣᠯ ᠤᠤ ᠳᠠ
ᠵᠠᠮᠪᠠᠭ᠎ᠠ ᠴᠢᠨᠢ ᠲᠡᠭᠡᠬᠦ ᠳ᠋ᠦ᠍
ᠪᠠᠷ᠎ᠠ ᠰᠤᠷᠠᠭ ᠦᠭᠡᠢ ᠯᠡ ᠪᠠᠢᠬᠤ ᠪᠣᠯᠪᠠ ᠤᠤ ᠳᠠ
ᠣᠳᠣ ᠪᠢ᠂
ᠵᠠᠮᠪᠠᠯ ᠴᠢᠮ᠎ᠠ ᠳ᠋ᠠᠭᠠᠨ ᠡᠴᠦᠰ ᠦ᠋ᠨ ᠤᠳᠠᠭ᠎ᠠ
ᠣᠷᠴᠢᠯᠠᠩ ᠤ᠋ᠨ ᠶᠣᠰᠣ᠂
ᠬᠥᠮᠦᠨ ᠦ᠌ ᠬᠤᠪᠢ ᠪᠠᠷ 《ᠪᠠᠶᠠᠷᠲᠠᠢ》ᠭᠡᠳ
ᠣᠯᠳᠠᠭᠰᠠᠨ ᠪᠡᠶ᠎ᠡ᠂
ᠣᠨᠣᠭᠳᠠᠭᠰᠠᠨ ᠲᠠᠪᠢᠯᠠᠩ ᠢ᠋ᠶ᠋ᠠᠨ ᠤᠰᠠᠳᠬᠠᠶ᠎ᠠ ᠳᠠ ᠁
ᠣᠷᠣᠰᠢᠭᠤᠯᠤᠭᠰᠠᠨ ᠭᠠᠵᠠᠷ ᠮᠢᠨᠢ
ᠣᠴᠢᠨ᠎ᠠ ᠤᠤ᠂ ᠪᠠᠢᠨ᠎ᠠ ᠤᠤ ᠥᠪᠡᠷ ᠢ᠋ᠶ᠋ᠡᠨ ᠮᠡᠳᠡᠭᠡᠷᠡᠢ᠃
2
ᠡᠵᠢ ᠠ᠋᠁ ᠲᠠ ᠣᠳᠣᠬᠠᠨ
ᠡᠨᠡ ᠵᠠᠬᠢᠶ᠎ᠠ ᠶ᠋ᠢ᠁ ᠭᠡᠳ
ᠮᠥᠭᠡᠷᠰᠦ ᠨᠢᠮᠭᠡᠨ ᠬᠣᠭᠣᠯᠠᠢ ᠨᠢ
ᠮᠥᠴᠡ ᠶ᠋ᠢᠨ ᠲᠡᠳᠦᠢ ᠵᠠᠩᠭᠢᠷᠠᠵᠤ
ᠰᠢᠤᠳᠠᠨ ᠤ᠋ ᠭᠠᠵᠠᠷ ᠠᠪᠠᠴᠢᠭᠠᠳ
ᠰᠢᠭᠤᠷᠬᠠᠢ ᠲᠡᠮᠳᠡᠭ ᠳᠠᠷᠤᠭᠤᠯᠤᠭᠠᠳ
ᠭᠠᠢᠭᠤᠢ ᠪᠠᠲᠤᠯᠠᠭᠠᠲᠠᠢ ᠶᠠᠪᠤᠭᠤᠯᠤᠭᠠᠷᠠᠢ ᠭᠡᠵᠦ
ᠭᠠᠷᠳᠠᠭᠤᠯᠵᠤ ᠵᠠᠮᠪᠠᠭ᠎ᠠ ᠥᠭᠭᠦᠯ᠎ᠡ᠃
ᠵᠠ ᠬᠦᠦ ᠮᠢᠨᠢ ᠭᠡᠳ
ᠵᠠᠢᠯᠠᠭᠤᠯ᠂ ᠡᠵᠢ ᠨᠢ ᠶᠠᠪᠤᠯ᠎ᠠ᠂
ᠵᠠᠩᠭᠢᠷᠠᠭᠰᠠᠨ ᠨᠢᠯᠪᠤᠰᠤᠨ ᠳᠤᠮᠳᠠᠭᠤᠷ ᠢ᠋ᠶ᠋ᠠᠨ
ᠵᠠᠮᠪᠠᠭ᠎ᠠ ᠠᠷᠤ ᠡᠴᠡ ᠨᠢ ᠰᠢᠷᠳᠡᠯ᠎ᠡ᠃
ᠨᠠᠮᠬᠠᠨ ᠮᠣᠳᠣᠨ ᠪᠣᠱᠣᠭ᠎ᠠ ᠶ᠋ᠢ
ᠨᠠᠮᠪᠠᠲᠠᠢ ᠠᠯᠬᠤᠨ ᠭᠠᠷᠴᠤ ᠶᠠᠪᠤᠭ᠎ᠠ
ᠨᠠᠰᠤᠲᠠᠢ ᠡᠨᠡ ᠬᠥᠮᠦᠨ ᠦ᠌ ᠳᠦᠷᠢ
ᠨᠠᠷᠠ ᠲᠠᠢ ᠡᠨᠡ ᠬᠣᠷᠸ᠎ᠠ ᠳᠡᠭᠡᠷ᠎ᠡ
ᠦᠷ᠎ᠡ ᠨᠢ ᠪᠣᠯᠤᠭᠰᠠᠨ ᠬᠥᠮᠦᠨ ᠳ᠋ᠦ᠍
ᠭᠠᠭᠴᠠᠬᠠᠨ ᠤᠳᠠᠭ᠎ᠠ ᠣᠯᠳᠠᠳᠠᠭ
ᠡᠭᠦᠷᠢᠳᠡ ᠬᠠᠷᠢᠭᠤᠯᠵᠤ ᠪᠠᠷᠠᠰᠢ ᠦᠭᠡᠢ
ᠭᠠᠪᠢᠶᠠᠲᠤ ᠡᠬᠡ ᠶ᠋ᠢᠨ ᠳᠦᠷᠢ ᠶᠤᠮ᠃
ᠴᠠᠭᠠᠰᠤᠨ ᠲᠣᠭᠳᠣᠢ ᠨᠢᠮᠭᠡᠨ ᠴᠦ᠍
ᠴᠠᠭᠠᠨ᠎ᠠ ᠨᠢ ᠪᠠᠢᠭ᠎ᠠ ᠵᠠᠬᠢᠳᠠᠯ ᠢ᠋
ᠴᠡᠯ ᠪᠤᠭᠤᠷᠤᠯ ᠠᠪᠠᠭᠠᠢ
ᠳᠠᠭᠠᠵᠤ ᠶᠠᠭᠠᠬᠢᠨ ᠮᠡᠳᠡᠬᠦ ᠪᠣᠢ?
ᠦᠷ᠎ᠡ ᠪᠡᠨ ᠭᠡᠰᠡᠨ ᠡᠬᠡ ᠶ᠋ᠢᠨ
ᠦᠨᠡᠨ ᠬᠠᠯᠠᠭᠤᠨ ᠰᠡᠳᠬᠢᠯ ᠢ᠋ᠶ᠋ᠡᠷ
ᠦᠳᠡᠰᠢ ᠪᠣᠯᠬᠤ ᠡᠴᠡ ᠨᠠᠭᠠᠨ᠎ᠠ
ᠵᠠᠬᠢᠳᠠᠯ ᠢ᠋ ᠨᠢ ᠬᠦᠷᠭᠡᠬᠦ ᠪᠡᠷ ᠶᠠᠭᠠᠷᠠᠬᠤ ᠳ᠋ᠠᠭᠠᠨ
ᠰᠡᠪᠡᠯᠭᠡ ᠦᠰᠦᠲᠡᠢ ᠨᠢᠯᠬ᠎ᠠ ᠡᠴᠡ ᠨᠢ
ᠰᠡᠭᠡᠭᠡ ᠣᠷᠣᠲᠠᠯ᠎ᠠ ᠨᠢ ᠪᠥᠭᠡᠴᠡᠢᠯᠡᠭᠰᠡᠨ
ᠰᠡᠷᠭᠦᠯᠡᠩ ᠵᠢᠭᠠᠬᠠᠨ ᠥᠬᠢᠨ ᠦ᠌ ᠪᠡᠨ
ᠰᠡᠳᠬᠢᠯ ᠦ᠋ᠨ ᠳᠣᠲᠣᠷᠠᠬᠢ ᠶ᠋ᠢ ᠮᠡᠳᠡᠭᠰᠡᠨ ᠦᠭᠡᠢ᠁
ᠪᠠᠷᠠᠭᠠᠨ ᠡᠭᠦᠯᠡᠰ ᠦ᠋ᠨ ᠵᠠᠬ᠎ᠠ
ᠪᠠᠷᠠᠭᠤᠨ ᠲᠠᠯ᠎ᠠ ᠡᠴᠡ ᠤᠯᠠᠢᠨ᠎ᠠ
ᠪᠠᠷᠤᠢ ᠪᠦᠷᠦᠢ ᠴᠦ᠍ ᠪᠣᠯᠤᠯ᠎ᠠ
ᠪᠠᠢᠰᠢᠩ ᠡᠴᠡ ᠵᠠᠮᠪᠠᠭ᠎ᠠ ᠴᠤ᠌ ᠭᠠᠷᠤᠯ᠎ᠠ᠃
ᠬᠣᠶᠠᠷ ᠵᠢᠯ ᠦ᠋ᠨ ᠡᠮᠦᠨ᠎ᠡ
ᠬᠣᠲᠠ ᠡᠴᠡ ᠳᠥᠩᠭᠡᠵᠦ ᠢᠷᠡᠭᠡᠳ
ᠡᠨᠡ ᠪᠠᠢᠰᠢᠩ ᠤ᠋ᠨ ᠪᠣᠱᠣᠭ᠎ᠠ ᠶ᠋ᠢ
ᠡᠬᠢᠯᠡᠨ ᠠᠯᠬᠤᠵᠤ ᠪᠠᠢᠬᠤ ᠳ᠋ᠠᠭᠠᠨ
ᠤᠶᠠᠨ ᠰᠠᠢᠬᠠᠨ ᠨᠢᠷᠤᠭᠤᠨ ᠳ᠋ᠤᠨᠢ
ᠬᠥᠮᠦᠨ ᠦ᠌ ᠵᠢᠪᠬᠤᠯᠠᠩ ᠪᠦᠷᠢᠳᠦᠭᠰᠡᠨ
ᠤᠷᠠᠨ ᠴᠠᠭᠠᠨ ᠬᠤᠷᠤᠭᠤᠨ ᠳ᠋ᠤᠨᠢ
ᠬᠥᠳᠡᠯᠮᠦᠷᠢ ᠶ᠋ᠢᠨ ᠪᠦᠲᠦᠭᠡᠯ ᠭᠡᠷᠡᠯᠲᠦᠭᠰᠡᠨ
ᠢᠳᠡ ᠵᠠᠯᠠᠭᠤᠬᠠᠨ ᠪᠦᠰᠡᠭᠦᠢ
ᠢᠨᠢᠶᠡᠵᠦ ᠨᠠᠷᠭᠢᠵᠤ ᠶᠠᠪᠤᠭᠰᠠᠨ
ᠡᠢᠮᠦ ᠦᠳᠡᠰᠢ ᠶ᠋ᠢᠨ ᠲᠤᠬᠠᠢ
ᠵᠡᠭᠦᠳᠦᠯᠡᠭᠡ ᠴᠦ᠍ ᠦᠭᠡᠢ ᠶᠤᠮᠰᠠᠨ᠃
ᠬᠥᠮᠦᠨ ᠦ᠌ ᠠᠮᠢᠳᠤᠷᠠᠯ ᠳ᠋ᠤ᠌ ᠲᠣᠬᠢᠶᠠᠯᠳᠤᠬᠤ
ᠬᠦᠨᠳᠦ ᠮᠥᠴᠡ ᠨᠦ᠍ᠭᠦᠳ ᠦ᠋ᠨ ᠨᠢᠭᠡ ᠶ᠋ᠢ
ᠬᠦᠯᠢᠶᠡᠵᠦ ᠲᠡᠰᠴᠦ ᠴᠢᠳᠠᠭ᠎ᠠ ᠦᠭᠡᠢ
ᠬᠥᠭᠡᠷᠦᠬᠦᠢ ᠵᠠᠮᠪᠠᠭ᠎ᠠ ᠶᠠᠪᠤᠴᠢᠬᠠᠯ᠎ᠠ᠁
ᠠᠮᠢᠳᠤᠷᠠᠯ ᠢ᠋ᠶ᠋ᠠᠷ ᠡᠨᠡ ᠥᠷᠥᠭᠡ ᠶ᠋ᠢ
ᠠᠮᠢᠰᠬᠤᠯᠯᠠᠭᠤᠯᠵᠤ ᠪᠠᠢᠭᠰᠠᠨ ᠬᠥᠮᠦᠨ
ᠠᠬᠢᠭᠠᠳ ᠡᠷᠭᠢᠵᠦ ᠢᠷᠠᠰᠢ ᠦᠭᠡᠢ
ᠲᠠᠶᠠᠭ ᠢ᠋ᠶ᠋ᠠᠨ ᠲᠤᠯᠤᠭᠠᠳ ᠶᠠᠪᠤᠴᠢᠬᠠᠯ᠎ᠠ᠁
ᠦᠶᠡᠯᠵᠡᠬᠦ ᠲᠡᠷᠲᠡᠭᠡ ᠬᠣᠯᠠ ᠡᠴᠡ
ᠡᠭᠦᠯᠡᠰ ᠦ᠋ᠨ ᠰᠤᠭᠤᠨ ᠳᠣᠣᠭᠤᠷ
ᠴᠢᠭᠢᠭᠲᠡᠢ ᠬᠦᠢᠲᠡᠨ ᠰᠠᠯᠬᠢ
ᠴᠢᠮᠡᠭᠡ ᠭᠠᠷᠲᠠᠯ᠎ᠠ ᠦᠯᠢᠶᠡᠨ᠎ᠡ᠃
ᠵᠢᠭᠠᠬᠠᠨ ᠭᠣᠣᠯ ᠤ᠋ᠨ ᠡᠷᠭᠢ
ᠴᠠᠰᠤᠨ ᠤ᠋ ᠤᠰᠤ ᠪᠠᠷ ᠪᠢᠯᠬᠠᠨ᠎ᠠ᠂
ᠵᠠᠬ᠎ᠠ ᠬᠥᠪᠡᠭᠡ ᠣᠷᠴᠢᠮ ᠢ᠋ᠶ᠋ᠠᠷ ᠨᠢ
ᠴᠠᠭᠠᠨ ᠬᠥᠭᠡᠰᠦ ᠰᠠᠬᠠᠷᠠᠨᠠ᠃
ᠲᠦᠭᠰᠢᠭᠦᠷᠢ ᠳᠦᠭᠦᠷᠡᠩ ᠰᠡᠳᠬᠢᠯ ᠰᠢᠭ
ᠲᠦᠷᠢᠯᠭᠡ ᠳᠣᠯᠭᠢᠶ᠎ᠠ ᠣᠪᠣᠯᠵᠠᠨ᠎ᠠ᠂
ᠮᠡᠬᠦᠰ ᠳᠠᠭᠤ ᠪᠠᠷ ᠶᠣᠣᠯᠠᠬᠤ ᠰᠢᠭ᠋
ᠮᠥᠰᠥᠨ ᠰᠥᠩ ᠮᠥᠷᠭᠥᠯᠳᠦᠨᠡ᠁᠂
ᠬᠣᠶᠠᠷ ᠲᠠᠶᠠᠭ ᠢ᠋ᠶ᠋ᠠᠨ ᠲᠤᠯᠤᠭᠠᠳ
ᠬᠣᠩᠭᠣᠷ ᠵᠢᠭᠠᠬᠠᠨ ᠪᠦᠰᠡᠭᠦᠢ
ᠡᠷᠡᠰᠯᠡᠵᠦ ᠨᠢᠭᠡ ᠶ᠋ᠢ ᠰᠡᠳᠬᠢᠭᠰᠡᠭᠡᠷ
ᠡᠷᠭᠢ ᠳᠡᠭᠡᠷ᠎ᠡ ᠢᠷᠡᠯ᠎ᠡ!
ᠰᠠᠨᠴᠢᠭ ᠤ᠋ᠨ ᠬᠢᠨᠢ ᠭᠠᠷᠠᠬᠠᠨ ᠦᠰᠦ ᠶ᠋ᠢ
ᠰᠠᠯᠬᠢ ᠠᠭᠤᠷᠲᠠᠢ ᠢᠯᠪᠢᠨ᠎ᠡ᠂
ᠰᠠᠷᠢᠳᠠᠭ ᠠᠭᠤᠯᠠᠰ ᠠᠯᠤᠰ ᠡᠴᠡ
ᠰᠠᠯᠵᠤ ᠶᠠᠳᠠᠨ ᠰᠢᠷᠳᠡᠨ᠎ᠡ᠁
《ᠵᠠ ᠁ ᠠᠭᠤᠯᠠᠰ ᠮᠢᠨᠢ ᠁ ᠶᠢᠷᠲᠢᠨᠴᠦ ᠮᠢᠨᠢ᠂
ᠵᠠᠮᠪᠠᠭ᠎ᠠ ᠴᠢᠨᠢ ᠣᠳᠣ᠂
᠁ ᠁ ᠁
᠁ ᠁ ᠁》
ᠨᠠᠰᠤ ᠪᠡᠶ᠎ᠡ ᠶ᠋ᠢᠨ ᠢ᠋ᠶ᠋ᠡᠨ ᠴᠢᠭᠢᠷᠠᠭ ᠲᠤ᠌
ᠨᠠᠢ᠌ᠮᠠᠨ ᠰᠠᠷ᠎ᠠ ᠶ᠋ᠢᠨ ᠳᠤᠮᠳᠠᠭᠤᠷ
ᠨᠠᠷᠭᠢᠨ ᠴᠡᠩᠭᠡᠵᠦ ᠶᠠᠪᠤᠬᠤ ᠳ᠋ᠠᠭᠠᠨ
ᠵᠠᠮᠪᠠᠯ ᠲᠠᠢ ᠠᠩᠬ᠎ᠠ ᠠᠭᠤᠯᠵᠠᠭᠰᠠᠨ
ᠡᠷᠭᠢ ᠶ᠋ᠢᠨ ᠨᠥᠭᠦᠭᠡ ᠲᠠᠯ᠎ᠠ ᠳ᠋ᠠᠬᠢ
ᠡᠭᠡᠯ ᠨᠢᠭᠡᠨ ᠳᠣᠪᠣᠴᠠᠭ ᠢ᠋
ᠤᠯᠢᠶᠠᠰᠤ ᠬᠤᠰᠤᠨ ᠤ᠋ ᠲᠥᠭᠦᠯ ᠢ᠋
ᠤᠯᠪᠠᠭ᠎ᠠ ᠵᠠᠮ ᠤ᠋ᠨ ᠲᠣᠬᠣᠢ ᠶ᠋ᠢ
ᠡᠴᠦᠰ ᠦ᠋ᠨ ᠤᠳᠠᠭ᠎ᠠ ᠵᠠᠮᠪᠠᠭ᠎ᠠ
ᠡᠭᠴᠡᠯᠡᠵᠦ ᠤᠳᠠᠭᠠᠨ ᠬᠠᠷᠠᠯ᠎ᠠ᠁
ᠡᠷᠴᠢᠯᠡᠭᠰᠡᠨ ᠤᠰᠤ ᠱᠤᠤᠭᠢᠵᠤ
ᠡᠷᠭᠢ ᠶ᠋ᠢᠨ ᠢᠷᠮᠡᠭ ᠴᠦ᠍ ᠲᠤᠯᠤᠯ᠎ᠠ᠁
ᠥᠨᠢᠷ ᠳᠡᠯᠡᠬᠡᠢ ᠶ᠋ᠢᠨ ᠬᠥᠷᠥᠰᠥᠨ ᠳ᠋ᠦ᠍
ᠠᠮᠢᠳᠤᠷᠠᠯ ᠵᠢᠷᠭᠠᠯ ᠭᠡᠳᠡᠭ
ᠥᠷᠥᠵᠦ ᠲᠠᠯᠪᠢᠭᠰᠠᠨ ᠶᠠᠭᠤᠮ᠎ᠠ ᠰᠢᠭ᠋
ᠠᠳᠠᠯᠢ ᠲᠡᠭᠰᠢ ᠪᠠᠢᠳᠠᠭ ᠦᠭᠡᠢ
ᠲᠡᠷᠡ ᠡᠷᠭᠢ ᠳᠡᠭᠡᠷ᠎ᠡ ᠡᠴᠡ
ᠲᠡᠭᠰᠢ ᠱᠤᠭᠤᠮ ᠢ᠋ᠶ᠋ᠠᠷ ᠬᠡᠮᠵᠢᠪᠡᠯ
ᠬᠣᠶᠠᠷ ᠥᠷᠲᠡᠭᠡ ᠴᠦ᠍ ᠬᠦᠷᠬᠦ ᠦᠭᠡᠢ
ᠬᠣᠲᠠ ᠶ᠋ᠢᠨ ᠨᠢᠭᠡᠨ ᠪᠠᠢᠰᠢᠩ ᠳ᠋ᠤ᠌
ᠠᠶᠤᠮᠰᠢᠭᠲᠤ ᠡᠨᠡ ᠮᠥᠴᠡ ᠳ᠋ᠦ᠍
ᠠᠮᠢᠳᠤᠷᠠᠯ ᠶᠠᠮᠠᠷ ᠪᠠᠢᠭ᠎ᠠ ᠶ᠋ᠢ
ᠣᠴᠢᠵᠤ ᠬᠠᠷᠠᠶ᠎ᠠ ᠤᠩᠰᠢᠭᠴᠢ ᠮᠢᠨᠢ
ᠣᠢᠯᠠᠭᠠᠵᠤ ᠥᠪᠡᠷ ᠢ᠋ᠶ᠋ᠡᠨ ᠳ᠋ᠦᠩᠨᠡᠭᠡᠷᠡᠢ᠁
ᠴᠠᠴᠤᠭ ᠲᠠᠢ ᠪᠦᠷᠬᠦᠭᠦᠯ ᠳᠣᠣᠷ᠎ᠠ ᠡᠴᠡ
ᠴᠠᠬᠢᠯᠭᠠᠨ ᠳ᠋ᠧᠩ ᠭᠡᠢᠭᠦᠯᠵᠦ
ᠴᠠᠭᠠᠨ ᠲᠣᠯᠣᠭᠠᠢ ᠲᠠᠢ ᠣᠷᠣ ᠨᠢ
ᠬᠠᠭᠠᠨ ᠤ᠋ ᠰᠠᠭᠤᠳᠠᠯ ᠰᠢᠭ᠋ ᠬᠠᠷᠠᠭᠳᠠᠨ᠎ᠠ᠃
ᠤᠭᠠᠯᠵᠠ ᠬᠡ ᠲᠡᠢ ᠠᠪᠳᠠᠷ᠎ᠠ
ᠤᠭᠰᠠᠷᠠᠵᠤ ᠲᠠᠯᠪᠢᠭᠰᠠᠨ ᠴᠧᠮᠣᠳᠠᠨ
ᠲᠣᠯᠢᠨ ᠤ᠋ ᠡᠮᠦᠨ᠎ᠡ ᠥᠷᠥᠭᠡᠰᠦᠲᠡᠢ
ᠲᠣᠭᠯᠠᠭᠠᠮ ᠬᠦᠷᠲᠡᠯ᠎ᠡ ᠭᠢᠯᠠᠯᠵᠠᠨ᠎ᠠ᠃
ᠳᠣᠯᠭᠢᠶ᠎ᠠ ᠲᠠᠲᠠᠭᠰᠠᠨ ᠳᠠᠩᠨᠠᠭᠠᠰᠤᠲᠠᠢ
ᠳᠣᠷᠣᠨ᠎ᠠ ᠵᠦᠭ ᠦ᠋ᠨ ᠬᠡᠪᠢᠰ
ᠳᠣᠪᠣᠭᠣᠷ ᠵᠢᠶᠠᠵᠠᠨ ᠳ᠋ᠤ᠌ ᠬᠢᠭᠡᠰᠦᠲᠡᠢ
ᠲᠣᠰᠣᠨ ᠪᠣᠳᠣᠭ ᠤ᠋ᠨ ᠵᠢᠷᠤᠭ
ᠡᠨᠡ ᠪᠦᠬᠦᠨ ᠦ᠌ ᠳᠤᠮᠳᠠ
ᠡᠵᠡᠨ ᠬᠥᠮᠦᠨ ᠦ᠌ ᠪᠠᠢᠳᠠᠯ ᠢ᠋ᠶ᠋ᠠᠷ
ᠡᠷᠢᠶᠡᠨ ᠵᠠᠩᠭᠢᠶ᠎ᠠ ᠪᠠᠨ ᠵᠡᠭᠦᠭᠰᠡᠭᠡᠷ
ᠡᠷᠬᠢᠮ ᠵᠢᠷᠤᠭᠠᠴᠢ ᠰᠠᠭᠤᠵᠤ ᠪᠠᠢᠨ᠎ᠠ᠃
ᠡᠮᠦᠨᠡᠬᠢ ᠰᠢᠷᠡᠭᠡ ᠶ᠋ᠢ ᠨᠢ ᠲᠣᠬᠣᠢᠯᠠᠵᠤ
ᠥᠨᠳᠥᠷ ᠭᠤᠸᠠᠯᠢᠭ ᠨᠢᠷᠤᠭᠤ ᠲᠠᠢ
ᠥᠳᠬᠡᠨ ᠬᠠᠷ᠎ᠠ ᠭᠡᠵᠢᠭᠡ ᠲᠡᠢ
ᠥᠯᠵᠡᠢ ᠭᠡᠳᠡᠭ ᠬᠡᠦᠬᠡᠨ
ᠵᠢᠷᠦᠬᠡᠨ ᠦ᠌ ᠠᠮᠠᠷᠠᠭ ᠵᠠᠮᠪᠠᠯ ᠢ᠋ᠶ᠋ᠠᠨ
ᠢᠲᠡᠭᠡᠯ ᠲᠡᠭᠦᠰ ᠰᠢᠷᠲᠡᠵᠦ
ᠵᠦᠢᠯ ᠦ᠋ᠨ ᠬᠥᠭᠡᠷᠦᠬᠦᠨ ᠳᠠᠭᠤ ᠪᠠᠷ ᠢ᠋ᠶ᠋ᠠᠨ
ᠢᠨᠢᠶᠡᠳᠦ ᠠᠯᠳᠠᠵᠤ ᠰᠠᠭᠤᠨ᠎ᠠ᠃
ᠭᠠᠷᠠᠬᠠᠨ ᠮᠤᠰᠬᠢᠶ᠎ᠡ ᠭᠠᠷᠭᠠᠭᠰᠠᠨ
ᠭᠠᠩᠭᠠᠩ ᠬᠠᠷ᠎ᠠ ᠦᠰᠦᠨ ᠡᠴᠡ ᠨᠢ
ᠲᠠᠩᠰᠤᠭ ᠰᠠᠢᠬᠠᠨ ᠦᠨᠦᠷᠲᠡᠨ
ᠲᠠᠰᠤᠯᠭ᠎ᠠ ᠳᠦᠭᠦᠷᠡᠩ ᠬᠠᠩᠬᠤᠯᠤᠨ᠎ᠠ᠃
ᠴᠢᠳᠠᠯ ᠶᠡᠬᠡᠲᠡᠢ ᠪᠠᠢᠮᠠᠷ
ᠴᠢᠭᠢᠷᠠᠭ ᠴᠠᠭᠠᠨ ᠭᠠᠷ ᠢ᠋ᠶ᠋ᠠᠷ ᠢ᠋ᠶ᠋ᠠᠨ
ᠰᠢᠬᠢᠷ ᠦ᠋ᠨ ᠨᠢᠮᠭᠡᠨ ᠴᠠᠭᠠᠰᠤ ᠶ᠋ᠢ
ᠴᠢᠮᠡᠭᠡ ᠶᠡᠬᠡᠲᠡᠢ ᠵᠠᠳᠠᠯᠤᠨ᠎ᠠ᠃
ᠡᠷᠡᠰᠢᠭᠦᠳ ᠴᠢᠭᠢᠷᠠᠭ ᠪᠡᠶ᠎ᠡ ᠲᠡᠢ ᠴᠦ᠍
ᠡᠪᠯᠢᠭ ᠬᠥᠭᠡᠷᠦᠬᠦᠨ ᠴᠢᠷᠠᠢ ᠲᠠᠢ
ᠡᠨᠡ ᠬᠡᠦᠬᠡᠨ ᠦ᠌ ᠲᠤᠬᠠᠢ
ᠡᠷᠬᠢᠮ ᠨᠥᠬᠥᠳ ᠰᠣᠨᠢᠷᠬᠠᠪᠠᠯ
ᠴᠠᠭᠠᠰᠤ ᠲᠠᠢ ᠰᠢᠬᠢᠷ ᠬᠦᠯᠬᠦᠵᠦ
ᠲᠣᠭᠣᠰᠣ ᠲᠠᠢ ᠭᠠᠵᠠᠷ ᠮᠥᠯᠬᠥᠵᠦ
ᠬᠥᠭᠰᠢᠨ ᠡᠵᠢ ᠶ᠋ᠢᠨ ᠭᠠᠷ ᠳᠡᠭᠡᠷ᠎ᠡ
ᠬᠥᠯ ᠳ᠋ᠦ᠍ ᠠᠩᠬ᠎ᠠ ᠣᠷᠣᠭᠠᠳ
ᠠᠯᠠᠭ ᠪᠥᠮᠪᠥᠭᠡ ᠥᠩᠬᠥᠷᠢᠭᠦᠯᠵᠦ
ᠠᠢᠯ ᠤ᠋ᠨ ᠵᠢᠭᠠᠯ ᠲᠠᠢ ᠱᠤᠤᠭᠢᠵᠤ
ᠠᠯᠢ ᠳᠤᠷᠠᠲᠠᠢ ᠪᠠᠨ ᠬᠡᠷᠡᠭᠯᠡᠭᠰᠡᠭᠡᠷ
ᠠᠷᠪᠠᠨ ᠬᠡᠳᠦᠲᠡᠢ ᠪᠣᠯᠤᠭᠠᠳ
ᠤᠷᠤᠭᠤᠯ᠂ ᠬᠢᠮᠤᠰᠤ ᠪᠠᠨ ᠪᠣᠳᠣᠵᠤ
ᠤᠶᠠᠬᠠᠨ ᠦᠰᠦ ᠪᠡᠨ ᠪᠤᠷᠵᠢᠢᠯᠭᠠᠵᠤ
ᠪᠦᠳᠦᠭᠦᠨ ᠪᠤᠯᠴᠢᠩ ᠭᠠᠷᠭᠠᠭᠰᠠᠭᠠᠷ
ᠪᠥᠵᠢᠭ ᠦ᠋ᠨ ᠬᠦᠷᠢᠶᠡᠯᠡᠩ ᠳ᠋ᠦ᠍ ᠣᠷᠣᠵᠠᠢ᠃
ᠬᠠᠭᠠᠰ ᠥᠨᠳᠥᠷ ᠦᠰᠦᠭᠡᠢᠲᠦ ᠪᠡᠷ
ᠠᠷᠪᠠᠨ ᠵᠢᠷᠭᠤᠭᠠᠲᠤ ᠭᠢᠰᠬᠢᠵᠦ
ᠬᠠᠷᠠᠴᠤᠤᠯ ᠵᠠᠯᠠᠭᠤᠰ ᠤ᠋ᠨ ᠮᠡᠨᠳᠦ ᠶ᠋ᠢ
ᠠᠶᠠᠲᠠᠢ ᠬᠠᠷᠢᠭᠤᠯᠵᠤ ᠰᠤᠷᠴᠠᠢ᠃
ᠨᠠᠭᠤᠷ ᠤ᠋ᠨ ᠴᠡᠯᠮᠡᠭ ᠮᠠᠨᠳᠠᠯ ᠰᠢᠭ᠋
ᠨᠤᠲᠤᠭ ᠤ᠋ᠨ ᠵᠥᠭᠡᠯᠡᠨ ᠵᠢᠮᠢᠰ ᠰᠢᠭ
ᠢᠳᠡᠲᠡᠢ ᠬᠥᠭᠡᠷᠦᠬᠦᠨ ᠨᠢᠳᠦ ᠪᠡᠷ ᠢ᠋ᠶ᠋ᠡᠨ
ᠢᠷᠮᠡᠵᠦ᠂ ᠰᠢᠷᠪᠢᠵᠦ ᠴᠦ᠍ ᠰᠤᠷᠤᠭᠰᠠᠨ ᠭᠡᠨ᠎ᠡ᠃
ᠠᠢᠯ ᠤ᠋ᠨ ᠭᠠᠭᠴᠠ ᠥᠬᠢᠨ ᠦ᠌
ᠠᠬᠤᠢ ᠪᠠᠢᠳᠠᠯ ᠨᠢ ᠡᠢᠮᠦ ᠭᠡᠨ᠎ᠡ᠂
ᠠᠷᠪᠠᠨ ᠬᠡᠳᠦ ᠶ᠋ᠢ ᠥᠩᠭᠡᠷᠡᠪᠡᠴᠦ
ᠠᠶ᠋ᠢᠭ ᠮᠠᠶ᠋ᠢᠭ ᠨᠢ ᠬᠡᠪ ᠢ᠋ᠶ᠋ᠡᠷ ᠭᠡᠨ᠎ᠡ᠃
ᠠᠢᠬᠤᠪᠲᠤᠷ ᠲᠢᠭ ᠦᠭᠡᠢ ᠥᠰᠦᠭᠰᠡᠨ ᠴᠦ᠍
ᠠᠵᠢᠯ ᠲᠥᠷᠥᠯ ᠳ᠋ᠦ᠍ ᠰᠦᠷᠡᠬᠡᠢ ᠭᠡᠨ᠎ᠡ᠂
ᠬᠥᠷᠥᠩᠭᠡ ᠵᠣᠭᠣᠷᠢ ᠡᠯᠪᠡᠭ ᠲᠡᠢ ᠴᠦ᠍
ᠬᠥᠩᠭᠡᠨ ᠲᠡᠷᠭᠡ ᠵᠢᠯᠣᠭᠣᠳᠴᠠᠢ ᠭᠡᠨ᠎ᠡ᠃
ᠰᠢ᠂ ᠵᠦᠴᠦᠭᠡ᠂ ᠨᠣᠮ
ᠰᠢᠨ᠎ᠡ ᠺᠢᠨᠣ᠋᠂ ᠲᠠᠨᠼ
ᠠᠯᠢ ᠠᠯᠢᠨ ᠢ᠋ ᠨᠢ ᠦᠯᠡᠳᠡᠭᠡᠯ ᠦᠭᠡᠢ
ᠠᠮᠵᠢᠭᠠᠳ ᠴᠥᠮ ᠢ᠋ ᠦᠵᠡᠴᠢᠬᠡᠳᠡᠭ᠃
ᠠᠵᠤ ᠲᠥᠷᠥᠬᠦ ᠶ᠋ᠢᠨ ᠬᠤᠪᠢ ᠪᠠᠷ
ᠬᠠᠢᠩᠭᠤ ᠪᠣᠯᠪᠠᠴᠤ ᠰᠢᠳᠮᠭ᠂
ᠠᠮᠠᠷᠠᠭ ᠰᠡᠳᠬᠢᠯ ᠦ᠋ᠨ ᠲᠠᠯ᠎ᠠ ᠪᠠᠷ
ᠬᠠᠲᠠᠭᠤ ᠪᠣᠯᠪᠠᠴᠤ ᠲᠣᠭᠯᠠᠭᠠᠮ ᠲᠠᠢ᠃
ᠣᠯᠠᠨ ᠬᠥᠮᠦᠨ ᠲᠡᠢ ᠳᠠᠰᠤᠭᠰᠠᠨ ᠴᠦ᠍
ᠣᠢᠷᠠᠳᠴᠤ ᠨᠡᠢᠯᠡᠭᠰᠡᠨ ᠶᠠᠭᠤᠮ᠎ᠠ ᠦᠭᠡᠢ
ᠣᠳᠣ ᠵᠠᠮᠪᠠᠯ ᠲᠠᠢ ᠰᠠᠴᠠᠭᠤ
ᠣᠪᠣᠭ᠎ᠠ ᠯᠠ ᠬᠡᠦᠬᠡᠨ ᠭᠡᠳᠡᠭ ᠶᠤᠮ᠃
4
ᠬᠡᠳᠦᠬᠡᠨ ᠬᠠᠭᠤᠳᠠᠰᠤᠨ ᠡᠴᠡ ᠡᠮᠦᠨ᠎ᠡ
ᠬᠡᠷᠡᠭ ᠶᠠᠪᠤᠳᠠᠯ ᠡᠴᠡ ᠤᠷᠢᠳᠤᠬᠠᠨ
ᠪᠢᠲᠡᠭᠦᠬᠡᠨ ᠨᠢᠭᠡ ᠴᠤᠬᠤᠢᠯᠭᠠᠭᠠᠳ
ᠪᠢᠴᠢᠵᠦ ᠠᠮᠵᠢᠯ ᠦᠭᠡᠢ ᠢᠷᠡᠭᠰᠡᠨ
ᠰᠠᠯᠬᠢᠪᠴᠢ ᠴᠣᠩᠬᠣ ᠪᠠᠨ ᠲᠦᠰᠢᠭᠡᠳ
ᠰᠠᠨᠠᠭ᠎ᠠ ᠠᠯᠳᠠᠵᠤ ᠰᠠᠭᠤᠭᠰᠠᠨ
ᠰᠠᠢᠬᠠᠨ ᠵᠠᠯᠠᠭᠤ ᠬᠡᠦᠬᠡᠨ ᠮᠠᠨᠢ
ᠡᠨᠡ ᠥᠯᠵᠡᠢ ᠶᠤᠮ ᠰᠢᠦ ᠳᠡ
ᠬᠦᠵᠢ ᠳᠡᠯᠡᠬᠡᠢ ᠶ᠋ᠢᠨ ᠠᠭᠤᠳᠠᠮ ᠳ᠋ᠤ᠌
ᠬᠥᠮᠦᠨ ᠬᠠᠮᠢᠭ᠎ᠠ ᠠᠮᠢᠳᠤᠷᠠᠨ᠎ᠠ ᠪᠣᠢ
ᠲᠡᠮᠡᠴᠡᠯ ᠵᠥᠷᠢᠴᠡᠯ ᠭᠡᠳᠡᠭ
ᠲᠡᠨᠳᠡ ᠵᠠᠪᠠᠯ ᠡᠯᠪᠡᠭ᠃
※※※
ᠥᠯᠵᠡᠢ ᠨᠢᠭᠡ ᠣᠷᠣᠢ
ᠠᠵᠢᠯ ᠡᠴᠡ ᠡᠷᠲᠡᠬᠡᠨ ᠪᠠᠭᠤᠭᠠᠳ
ᠥᠪᠡᠷ ᠦ᠋ᠨ ᠬᠠᠷᠢᠭᠤᠴᠠᠭᠰᠠᠨ ᠲᠡᠷᠭᠡ ᠪᠡᠨ
ᠠᠷᠴᠢᠵᠤ ᠶᠠᠩᠵᠤᠯᠠᠵᠤ ᠳᠠᠭᠤᠰᠤᠭᠠᠳ
ᠰᠢᠯᠤᠭᠤᠨ ᠰᠠᠢᠬᠠᠨ ᠭᠤᠳᠤᠮᠵᠢ ᠪᠠᠷ
ᠬᠠᠷᠢᠵᠤ ᠶᠠᠪᠤᠬᠤ ᠵᠠᠮ ᠳ᠋ᠠᠭᠠᠨ
ᠰᠢᠤᠳᠠᠨ ᠤ᠋ ᠭᠠᠵᠠᠷ ᠢ᠋ᠶ᠋ᠠᠷ ᠣᠷᠣᠵᠤ
ᠬᠠᠢᠷᠴᠠᠭ ᠢ᠋ᠶ᠋ᠠᠨ ᠨᠡᠭᠡᠭᠡᠵᠦ ᠦᠵᠡᠯ᠎ᠡ᠁
ᠵᠠᠮᠪᠠᠯ ᠳ᠋ᠤ᠌ ᠭᠡᠰᠡᠨ ᠬᠠᠶᠢᠭ᠋ ᠲᠠᠢ
ᠵᠢᠷᠠᠨ ᠮᠥᠩᠭᠥᠨ ᠦ᠌ ᠮᠠᠷᠺ ᠲᠠᠢ
ᠣᠪᠣᠭ᠎ᠠ ᠵᠤᠵᠠᠭᠠᠨ ᠵᠠᠬᠢᠳᠠᠯ ᠢ᠋
ᠣᠯᠵᠤ ᠠᠪᠤᠯ᠎ᠠ ᠥᠯᠵᠡᠢ᠃
《ᠬᠡᠨ ᠵᠠᠮᠪᠠᠯ ᠳ᠋ᠤ᠌ ᠪᠢᠴᠢᠭᠡ ᠪᠣᠢ ?》ᠭᠡᠵᠦ
ᠬᠡᠰᠡᠭ ᠵᠠᠭᠤᠷ᠎ᠠ ᠪᠣᠳᠣᠭᠰᠠᠨ ᠢ᠋ᠶ᠋ᠠᠨ
《ᠵᠠᠮᠪᠠᠭ᠎ᠠ ᠡᠴᠡ》ᠭᠡᠰᠡᠨ ᠢ᠋ ᠨᠢ ᠬᠠᠷᠠᠭᠠᠳ
ᠵᠠᠳᠠᠯᠤᠶ᠎ᠠ ᠭᠡᠵᠦ ᠰᠢᠢᠳᠦᠯ᠎ᠡ᠃
ᠭᠡᠪᠡᠴᠦ ᠶᠠᠭᠠᠬᠢᠭᠠᠳ ᠴᠦ᠍ ᠶᠤᠮ ᠪᠣᠢ
ᠭᠡᠷ ᠲᠡᠭᠡᠨ ᠬᠠᠷᠢᠭᠠᠳ ᠪᠣᠯᠤᠶ᠎ᠠ ᠭᠡᠳ
ᠥᠯᠵᠡᠢ ᠶᠠᠭᠠᠷᠠᠨ ᠠᠯᠬᠤᠭᠰᠠᠭᠠᠷ
ᠥᠷᠥᠭᠡᠨ ᠳ᠋ᠡᠭᠡᠨ ᠶᠠᠪᠤᠭᠠᠳ ᠣᠷᠣᠯ᠎ᠠ᠃
ᠤᠭ ᠨᠢ ᠡᠨᠡ ᠬᠡᠦᠬᠡᠨ
ᠠᠭᠤᠷᠲᠠᠢ ᠴᠦ᠍ ᠭᠡᠰᠡᠨ ᠤᠬᠠᠭᠠᠨ ᠲᠠᠢ
ᠤᠷᠢᠳᠤ ᠨᠢ ᠭᠡᠷᠯᠡᠵᠦ ᠦᠵᠡᠭᠡ ᠦᠭᠡᠢ
ᠤᠶᠠᠨ ᠴᠠᠭᠠᠨ ᠰᠠᠨᠠᠭ᠎ᠠ ᠲᠠᠢ᠁
ᠭᠡᠳ ᠡᠨᠡ ᠤᠳᠠᠭ᠎ᠠ ᠴᠦ᠍
ᠭᠡᠷᠭᠡᠢ ᠬᠥᠮᠦᠨ ᠦ᠌ ᠵᠠᠩ ᠢ᠋ᠶ᠋ᠠᠷ
ᠪᠠᠢᠨ ᠪᠠᠢᠭᠰᠠᠭᠠᠷ ᠵᠠᠮᠪᠠᠯ ᠢ᠋
ᠪᠠᠭ᠎ᠠ ᠪᠣᠯᠪᠠᠴᠤ ᠬᠠᠷᠠᠳᠠᠪᠠ᠁
ᠤᠮᠳᠠ ᠬᠣᠭᠣᠯᠠ ᠪᠠᠨ ᠪᠡᠯᠡᠳᠬᠡᠭᠡᠳ
ᠤᠬᠢᠶᠠᠵᠤ ᠠᠷᠴᠢᠵᠤ ᠳᠠᠭᠤᠰᠤᠭᠠᠳ
ᠵᠠᠮᠪᠠᠯ ᠢ᠋ ᠬᠦᠯᠢᠶᠡᠵᠦ ᠰᠠᠭᠤᠬᠤ ᠳ᠋ᠠᠭᠠᠨ
ᠵᠠᠮᠪᠠᠭ᠎ᠠ ᠶ᠋ᠢᠨ ᠵᠠᠬᠢᠶ᠎ᠠ ᠶ᠋ᠢ ᠵᠠᠳᠠᠯᠤᠯ᠎ᠠ᠃
ᠲᠠᠰᠢᠭᠤ ᠱᠤᠭᠤᠮ ᠲᠠᠢ ᠴᠠᠭᠠᠰᠤᠨ ᠳ᠋ᠤ᠌
ᠲᠠᠲᠠᠯᠠᠯ ᠦᠭᠡᠢ ᠪᠢᠴᠢᠭᠰᠡᠨ
ᠪᠦᠰᠡᠭᠦᠢ ᠶ᠋ᠢᠨ ᠴᠡᠪᠡᠷᠬᠡᠨ ᠪᠢᠴᠢᠭ ᠢ᠋
ᠪᠦᠭᠦᠳᠡ ᠶ᠋ᠢ ᠨᠢ ᠲᠡᠷᠡ ᠤᠩᠰᠢᠯ᠎ᠠ᠁
ᠡᠯᠢᠭᠡ ᠵᠢᠷᠦᠬᠡᠨ ᠦ᠌ ᠤᠭ ᠡᠴᠡ
ᠡᠨᠡᠯᠦᠨ ᠪᠠᠢᠵᠤ ᠪᠢᠴᠢᠭᠰᠡᠨ
ᠡᠨᠡ ᠵᠠᠬᠢᠳᠠᠯ ᠤ᠋ᠨ ᠲᠤᠷᠰᠢ
ᠡᠷᠬᠢᠮ ᠲᠡᠷᠡ ᠪᠦᠰᠡᠭᠦᠢ ᠶ᠋ᠢᠨ
ᠪᠥᠭᠡᠮ ᠪᠥᠭᠡᠮ ᠨᠢᠯᠪᠤᠰᠤ
ᠪᠥᠮᠪᠥᠷᠢᠨ ᠤᠨᠠᠭᠰᠠᠨ ᠪᠣᠯᠤᠯᠲᠠᠢ
ᠴᠡᠩᠬᠡᠷ ᠪᠡᠬᠡ ᠨᠢ ᠨᠡᠭᠦᠵᠦ
ᠴᠡᠪᠡᠷ ᠴᠠᠭᠠᠰᠤ ᠨᠢ ᠬᠠᠯᠲᠠᠷᠲᠤᠵᠠᠢ᠃
ᠤᠩᠰᠢᠵᠤ ᠳᠠᠭᠤᠰᠤᠭᠠᠳ ᠥᠯᠵᠡᠢ
ᠤᠳᠠᠭᠠᠨ ᠪᠣᠯᠲᠠᠯ᠎ᠠ ᠪᠣᠳᠣᠯ᠎ᠠ᠂
ᠬᠠᠷᠠᠳᠠᠵᠤ ᠲᠡᠮᠡᠴᠡᠬᠦ ᠰᠡᠳᠬᠢᠯ ᠨᠢ
ᠬᠠᠴᠢᠨ ᠭᠤᠨᠢᠭ ᠢ᠋ᠶ᠋ᠠᠷ ᠰᠣᠯᠢᠭᠳᠠᠯ᠎ᠠ᠁
ᠠᠮᠠᠷᠠᠭ ᠳᠤᠷᠠᠯᠠᠯ ᠤ᠋ᠨ ᠲᠤᠬᠠᠢ
ᠠᠩᠬ᠎ᠠ ᠤᠳᠠᠭ᠎ᠠ ᠪᠠᠨ ᠡᠷᠭᠢᠴᠡᠭᠦᠯᠵᠦ
ᠲᠤᠭᠤᠯᠵᠤ ᠢᠷᠡᠭᠰᠡᠨ ᠠᠮᠢᠳᠤᠷᠠᠯ ᠢ᠋ᠶ᠋ᠠᠨ
ᠲᠤᠩᠭᠠᠵᠤ ᠪᠠᠰᠠ ᠪᠤᠳᠤᠯᠴᠠᠯᠠ᠁
《ᠢᠴᠢᠮᠡᠷ ᠁ ᠠᠶᠤᠮᠠᠷ ᠶᠤᠮ
ᠶᠡᠬᠡᠩᠬᠢ ᠳ᠋ᠡᠭᠡᠨ ᠨᠠᠳᠠ ᠡᠴᠡ ᠪᠣᠯᠤᠭᠠᠳ
ᠬᠣᠷᠢᠨ ᠨᠢᠭᠡᠲᠡᠢ ᠪᠦᠰᠡᠭᠦᠢ
ᠬᠣᠷᠸ᠎ᠠ ᠡᠴᠡ ᠬᠠᠭᠠᠴᠠᠯ᠎ᠠ ᠭᠡᠵᠦ ᠤᠤ?᠁
ᠶᠠᠭᠠᠬᠢᠨ᠎ᠠ ᠡ! ᠬᠥᠭᠡᠷᠦᠬᠦᠢ ᠲᠡᠭᠦᠨ ᠦ᠌
ᠶᠠᠳᠠᠭᠤ ᠵᠢᠭᠠᠬᠠᠨ ᠲᠣᠯᠣᠭᠠᠢ ᠳ᠋ᠤ᠌
ᠡᠨᠡ ᠨᠠᠰᠤ ᠪᠠᠨ ᠳᠠᠭᠤᠰᠬᠠᠬᠤ
ᠡᠴᠦᠰ ᠦ᠋ᠨ ᠲᠡᠷᠡᠬᠡᠨ ᠮᠥᠴᠡ ᠳ᠋ᠦ᠍
ᠮᠢᠨᠦ ᠲᠤᠬᠠᠢ ᠮᠠᠭᠠᠳ
ᠮᠡᠳᠡᠵᠦ ᠪᠠᠢᠭᠰᠠᠨ ᠪᠣᠯ
ᠳᠠᠯᠠᠢ ᠲᠠᠩᠭᠢᠰ ᠡᠴᠡ ᠴᠦ᠍ ᠢᠯᠡᠭᠦᠦ
ᠳᠠᠩᠴᠤ ᠶᠡᠬᠡ ᠭᠣᠮᠣᠳᠠᠭ᠎ᠠ ᠳᠠ!᠁
ᠬᠠᠯᠠᠭᠤᠨ ᠵᠢᠰᠦ ᠪᠡᠷ ᠠᠭᠤᠯᠵᠠᠭ᠎ᠠ ᠦᠭᠡᠢ ᠴᠦ᠍
ᠬᠠᠷᠠᠴᠤᠤᠯ᠂ ᠵᠠᠪᠬᠠᠢ ᠶ᠋ᠢᠨ ᠭᠠᠢ ᠪᠠᠷ
ᠬᠠᠮᠢᠶᠠᠲᠠᠢ ᠪᠣᠯᠵᠤ ᠨᠥᠭᠴᠢᠭᠰᠡᠨ
ᠬᠠᠢᠷᠠᠨ ᠰᠠᠢᠬᠠᠨ ᠠᠮᠢᠲᠠᠨ ᠮᠢᠨᠢ
ᠲᠡᠨᠡᠭ ᠪᠢ ᠴᠢᠨᠢ ᠣᠳᠣ ᠶᠠᠭᠠᠬᠢᠵᠤ
ᠲᠡᠷᠡ ᠨᠢᠭᠦᠯ ᠢ᠋ᠶ᠋ᠡᠨ ᠠᠷᠢᠯᠭᠠᠬᠤ ᠪᠢᠯᠡ?
ᠶᠠᠭᠠᠬᠢᠵᠤ ᠪᠢ ᠵᠠᠮᠪᠠᠭ᠎ᠠ ᠴᠢᠨᠦ ᠪᠡᠨ
ᠢᠨᠠᠭ ᠤ᠋ᠨ ᠬᠣᠬᠢᠷᠠᠯ ᠢ᠋ ᠲᠥᠯᠥᠬᠦ ᠪᠢᠯᠡ?
ᠨᠢᠭᠡᠨᠲᠡ ᠴᠠᠭ ᠨᠢ ᠥᠩᠭᠡᠷᠡᠭᠰᠡᠨ ᠴᠦ᠍ ᠭᠡᠰᠡᠨ
ᠨᠡᠷᠡᠲᠡᠢ ᠬᠥᠮᠦᠨ ᠦ᠌ ᠵᠢᠰᠦᠲᠡᠢ ᠬᠡᠦᠬᠡᠨ ᠠ᠋ ᠪᠢ!
ᠢᠵᠢᠯᠬᠡᠨ ᠪᠦᠰᠡᠭᠦᠢ ᠴᠢᠨᠦ ᠪᠡᠨ ᠭᠡᠷᠢᠶᠡᠰ ᠢ᠋
ᠢᠩᠭᠢᠵᠦ ᠵᠦᠭᠡᠷ ᠰᠣᠨᠣᠰᠴᠤ ᠴᠢᠳᠠᠬᠤ ᠦᠭᠡᠢ ᠠ᠋!
ᠵᠢᠷᠭᠠᠯ ᠴᠡᠩᠭᠡᠯ ᠭᠡᠳᠡᠭ ᠴᠢᠨᠢ
ᠡᠢᠮᠦ ᠰᠣᠬᠣᠷ ᠡᠳ᠋ ᠶᠤᠮ ᠪᠣᠢ
ᠵᠠᠮᠪᠠᠯ ᠭᠡᠳᠡᠭ ᠬᠥᠮᠦᠨ ᠴᠢᠨᠢ
ᠢᠩᠭᠢᠬᠦ ᠳ᠋ᠦ᠍ ᠶᠠᠮᠠᠷ ᠪᠣᠢ?
ᠡᠪᠦᠯ ᠠᠩᠬ᠎ᠠ ᠲᠠᠨᠢᠯᠴᠠᠬᠤ ᠳ᠋ᠤ᠌
ᠥᠪᠡᠷ ᠦ᠋ᠨ ᠮᠡᠷᠭᠡᠵᠢᠯ ᠢ᠋ᠶ᠋ᠡᠨ ᠬᠥᠭᠡᠭᠡᠭᠰᠡᠭᠡᠷ
ᠡᠳᠦᠢ ᠪᠣᠯᠲᠠᠯ᠎ᠠ ᠭᠡᠷᠯᠡᠭᠡ ᠦᠭᠡᠢ ᠭᠡᠵᠦ
ᠥᠩᠭᠡ ᠶ᠋ᠢᠨ ᠦᠭᠡ ᠪᠡᠷ ᠬᠠᠭᠤᠷᠴᠠᠢ!
ᠤᠶᠠᠷᠠᠨ ᠬᠠᠢᠷᠠᠯᠠᠬᠤ ᠪᠦᠬᠦᠨ ᠳ᠋ᠦ᠍ ᠮᠢᠨᠢ
ᠤᠷᠢᠳ ᠨᠢ ᠢᠩᠭᠢᠭᠦᠯᠵᠦ ᠦᠵᠡᠭᠡ ᠦᠭᠡᠢ ᠭᠡᠵᠦ
ᠪᠠᠯᠠᠢ ᠬᠤᠳᠠᠯ ᠦᠭᠡ ᠪᠡᠷ ᠢ᠋ᠶ᠋ᠡᠨ
ᠪᠠᠰᠠ ᠨᠠᠮᠠᠶ᠋ᠢ ᠮᠡᠬᠡᠯᠡᠵᠡᠢ!᠁》
ᠥᠯᠵᠡᠢ ᠢᠩᠭᠢᠵᠦ ᠪᠣᠳᠣᠭᠰᠠᠭᠠᠷ
ᠥᠪᠡᠷ ᠢ᠋ ᠪᠡᠨ ᠵᠢᠮᠡᠯᠡᠵᠦ᠂ ᠵᠠᠮᠪᠠᠭ᠎ᠠ ᠶ᠋ᠢ
ᠥᠷᠥᠪᠳᠦᠨ ᠥᠷᠥᠪᠳᠦᠨ ᠤᠬᠢᠯᠠᠯ᠎ᠠ᠂
ᠥᠷᠥᠭᠡᠨ ᠦ᠌ ᠬᠠᠭᠠᠯᠭ᠎ᠠ ᠴᠦ᠍ ᠳᠤᠤᠭᠠᠷᠤᠯ᠎ᠠ᠁
ᠡᠩᠭᠡ ᠶ᠋ᠢᠨ ᠲᠠᠢᠪᠤᠩ ᠴᠢᠷᠠᠢᠯᠠᠭᠰᠠᠭᠠᠷ
ᠣᠷᠣᠭᠠᠳ ᠢᠷᠡᠯ᠎ᠡ ᠵᠠᠮᠪᠠᠯ᠁
ᠥᠨᠥᠬᠢ ᠵᠠᠬᠢᠳᠠᠯ ᠢ᠋ᠶ᠋ᠠᠨ ᠨᠢᠭᠤᠭᠠᠳ
ᠥᠯᠵᠡᠢ ᠨᠢᠭᠤᠷ ᠢ᠋ᠶ᠋ᠠᠨ ᠪᠤᠷᠤᠭᠤᠯᠠᠭᠠᠳ
ᠢᠨᠠᠭ ᠵᠥᠭᠡᠯᠡᠨ ᠳᠠᠭᠤ ᠪᠠᠷ ᠢ᠋ᠶ᠋ᠠᠨ
| ᠶᠠᠳᠠᠷᠠᠪᠠ ᠤᠤ ᠭᠡᠵᠦ ᠠᠰᠠᠭᠤᠭᠠᠳ
ᠶᠠᠭᠠᠨ ᠫᠠᠩᠰᠠᠨ ᠠᠯᠴᠢᠭᠤᠷ ᠢ᠋ᠶ᠋ᠠᠷ
ᠨᠢᠳᠦ ᠪᠡᠨ ᠪᠤᠰᠢᠭᠤᠬᠠᠨ ᠠᠷᠴᠢᠯ᠎ᠠ᠃
| ᠠᠵᠢᠯ ᠴᠦ᠍ ᠬᠦᠨᠳᠦ ᠯᠡ ᠪᠠᠢᠨ᠎ᠠ ᠭᠡᠵᠦ
ᠠᠵᠢᠭ ᠦᠭᠡᠢ ᠵᠠᠮᠪᠠᠯ ᠬᠠᠷᠢᠭᠤᠯᠤᠨ᠎ᠠ᠂
ᠬᠠᠪᠢ ᠶ᠋ᠢᠨ ᠭᠠᠵᠠᠷ ᠢ᠋ᠶ᠋ᠠᠷ ᠦᠰᠦᠴᠢᠭᠦᠯᠵᠦ
ᠬᠠᠮᠠᠷ ᠳᠤᠬᠤ ᠪᠠᠨ ᠤᠬᠢᠶᠠᠨ᠎ᠠ᠃
ᠦᠳᠡᠰᠢ ᠶ᠋ᠢᠨ ᠴᠠᠢ ᠪᠠᠨ ᠤᠤᠭᠤᠵᠤ
ᠦᠭᠡ ᠶᠠᠷᠢᠶ᠎ᠠ ᠳᠡᠯᠭᠡᠭᠰᠡᠭᠡᠷ
ᠵᠠᠮᠪᠠᠯ ᠢ᠋ ᠢᠨᠢᠶᠡᠵᠦ ᠰᠠᠭᠤᠬᠤ ᠳ᠋ᠤᠨᠢ
ᠵᠠᠬᠢᠳᠠᠯ ᠢ᠋ ᠭᠡᠨᠡᠳᠲᠡ ᠥᠭᠭᠦᠯ᠎ᠡ᠁
ᠠᠪᠤᠭᠠᠳ ᠵᠠᠮᠪᠠᠯ ᠲᠡᠨᠢᠢᠯᠭᠡᠪᠡ᠁
ᠠᠶᠠᠲᠠᠢ ᠴᠢᠷᠠᠢ ᠨᠢ ᠪᠠᠷᠤᠰ ᠬᠢᠪᠡ
ᠠᠶᠠᠭᠠᠲᠠᠢ ᠴᠠᠢ ᠪᠠᠨ ᠲᠠᠯᠪᠢᠵᠠᠨᠠᠪᠠ ᠁
ᠠᠬᠢᠭᠠᠳ ᠬᠡᠰᠡᠭ ᠪᠣᠳᠣᠵᠠᠨᠠᠪᠠ᠁
ᠬᠥᠮᠦᠨ ᠪᠣᠯᠬᠤ ᠪᠠᠷ ᠰᠠᠨᠳᠤᠷᠤᠭᠠ ᠯᠠ ᠪᠢᠵᠡ
ᠬᠦᠢᠲᠡᠨ ᠭᠤᠨᠢᠭ ᠣᠨᠳᠣᠷᠣᠭ᠎ᠠ ᠯᠠ ᠪᠢᠵᠡ
ᠤᠭ ᠨᠢ ᠥᠯᠵᠡᠢ ᠵᠠᠮᠪᠠᠯ ᠢ᠋
ᠠᠭᠤᠴᠢᠯᠠᠵᠤ ᠮᠠᠭᠠᠳ ᠦᠭᠡᠢ ᠪᠠᠢᠭᠰᠠᠨ ᠶᠤᠮ᠂
ᠤᠢᠳᠬᠠᠷᠲᠤ ᠵᠠᠬᠢᠳᠠᠯ ᠤ᠋ᠨ ᠲᠤᠬᠠᠢ ᠳ᠋ᠤ᠌
ᠤᠬᠢᠯᠠᠭᠠᠳ ᠥᠩᠭᠡᠷᠡᠵᠦ ᠴᠦ᠍ ᠮᠡᠳᠡᠬᠦ ᠪᠠᠢᠭᠰᠠᠨ ᠶᠤᠮ
ᠭᠡᠲᠡᠯ᠎ᠡ ᠡᠨᠡ ᠵᠠᠬᠢᠳᠠᠯ ᠢ᠋
ᠭᠡᠮᠲᠦ ᠬᠥᠮᠦᠨ ᠨᠢ ᠤᠩᠰᠢᠬᠤ ᠳ᠋ᠠᠭᠠᠨ
ᠥᠷᠦᠪᠳᠦᠬᠦ ᠰᠡᠳᠬᠢᠯ ᠦ᠋ᠨ ᠳᠡᠭᠡᠳᠦ ᠪᠡᠷ
ᠥᠯᠵᠡᠢ ᠶ᠋ᠢᠨ ᠠᠳᠠᠯᠢ ᠴᠦ᠍ ᠡᠬᠢᠯᠡᠭᠰᠡᠨ ᠦᠭᠡᠢ
ᠵᠢᠷ ᠦ᠋ᠨ ᠨᠢᠭᠡᠨ ᠵᠠᠬᠢᠳᠠᠯ ᠰᠢᠭ᠋
ᠵᠢᠭᠳᠡ ᠲᠠᠢᠪᠤᠩ ᠤᠩᠰᠢᠭᠠᠳ
ᠵᠢᠱᠢᠮ ᠴᠦ᠍ ᠦᠭᠡᠢ ᠴᠢᠷᠠᠢᠯᠠᠭᠠᠳ
ᠰᠢᠷᠡᠭᠡᠨ ᠳᠡᠭᠡᠷ᠎ᠡ ᠪᠡᠨ ᠬᠠᠶᠠᠴᠢᠬᠠᠪᠠ᠂
ᠪᠡᠶ᠎ᠡ᠂ ᠰᠡᠳᠬᠢᠯ ᠦ᠋ᠨ ᠬᠢᠨᠢ ᠪᠠᠢᠳᠠᠯ ᠢ᠋
ᠪᠢᠲᠡᠭᠦᠬᠡᠨ ᠠᠵᠢᠵᠤ ᠰᠠᠭᠤᠬᠤ ᠳ᠋ᠠᠭᠠᠨ
《ᠪᠢ ᠢᠩᠭᠢᠵᠦ ᠪᠢᠴᠢᠭᠰᠡᠨ ᠪᠣᠯ
ᠪᠠᠰᠠ ᠯᠠ ᠢᠩᠭᠢᠵᠦ ᠤᠩᠰᠢᠬᠤ ᠨᠢ ᠠ᠋ ?》
ᠭᠡᠵᠦ ᠳᠣᠲᠣᠷ᠎ᠠ ᠪᠠᠨ ᠰᠡᠳᠬᠢᠭᠡᠳ
ᠭᠡᠨᠡᠳᠲᠡ ᠶ᠋ᠢᠨ ᠠᠭᠤᠷ ᠨᠢ ᠬᠦᠷᠦᠯ᠎ᠡ᠂
ᠡᠷᠬᠡ ᠲᠠᠩᠬᠢᠯ ᠤ᠋ᠨ ᠠᠭᠤᠷ ᠢ᠋ᠶ᠋ᠠᠨ ᠥᠯᠵᠡᠢ
ᠡᠨᠳᠡ ᠭᠠᠷᠭᠠᠬᠤ ᠪᠠᠷ ᠰᠢᠢᠳᠦᠯ᠎ᠡ᠃
ᠬᠡᠦᠬᠡᠨ ᠲᠡᠭᠦᠨ ᠦ᠌ ᠰᠡᠳᠬᠢᠯ ᠡᠴᠡ
ᠬᠦᠰᠡᠯ ᠬᠠᠢᠷ᠎ᠠ ᠨᠢ ᠠᠷᠢᠯᠵᠤ
ᠬᠦᠢᠲᠡᠨ ᠭᠤᠨᠢᠭ ᠤ᠋ᠨ ᠤᠶᠠᠷᠠᠯ ᠨᠢ
ᠬᠦᠴᠦ ᠪᠡᠨ ᠠᠪᠤᠨ ᠳᠦᠷᠡᠯᠵᠡᠵᠦ
ᠳᠥᠯᠭᠡᠨ ᠬᠠᠷᠠᠭᠠᠲᠤ ᠨᠢᠳᠦ ᠨᠢ
ᠳᠥᠯᠥ ᠪᠠᠳᠠᠷᠠᠨ ᠭᠢᠯᠠᠯᠵᠠᠵᠤ
ᠡᠮᠦᠨᠡᠬᠢ ᠰᠢᠷᠡᠭᠡ ᠪᠡᠨ ᠲᠦᠯᠬᠢᠴᠢᠬᠡᠭᠡᠳ
ᠥᠭᠡᠳᠡ ᠡᠴᠡ ᠨᠢ ᠡᠷᠡᠰᠯᠡᠨ ᠵᠣᠭᠰᠣᠪᠠ᠁
ᠰᠢᠯ ᠱᠠᠵᠠᠩ ᠥᠩᠬᠥᠷᠢᠯᠳᠦᠵᠦ
ᠰᠢᠩᠭᠡᠨ ᠳᠠᠭᠤ ᠪᠠᠷ ᠬᠠᠭᠠᠷᠠᠯ᠎ᠠ
| ᠵᠠ ᠶᠠᠭᠠᠬᠢᠴᠢᠬᠠᠪᠠ ᠭᠡᠵᠦ
ᠵᠠᠮᠪᠠᠯ ᠲᠡᠪᠡᠳᠡᠨ ᠠᠰᠠᠭᠤᠯ᠎ᠠ
《ᠢᠴᠢᠨ᠎ᠡ ᠭᠡᠳᠡᠭ ᠢ᠋ᠶ᠋ᠡᠨ ᠮᠠᠷᠲᠠᠭᠰᠠᠨ
ᠢᠯᠭᠢ ᠨᠠᠭᠠᠭᠰᠠᠨ ᠨᠢᠭᠤᠷ ᠪᠣᠢ?
ᠵᠠ ᠶᠠᠭᠠᠬᠢᠴᠢᠬᠠᠪᠠ ᠭᠡᠨ᠎ᠡ ᠠ᠋?
ᠵᠠᠮᠪᠠᠭ᠎ᠠ! ᠵᠠᠮᠪᠠᠭ᠎ᠠ᠁ ᠮᠡᠳᠡᠪᠡ ᠤᠤ?
ᠡᠮᠡᠭᠲᠡᠢ ᠬᠥᠮᠦᠨ ᠦ᠌ ᠵᠢᠷᠦᠬᠡᠨ ᠡᠴᠡ
ᠡᠴᠦᠰ ᠦ᠋ᠨ ᠭᠣᠮᠣᠳᠠᠯ ᠢ᠋ ᠨᠢ ᠰᠣᠨᠣᠰᠤᠭᠠᠳ
ᠬᠠᠢᠷᠠᠨ ᠰᠠᠢᠬᠠᠨ ᠠᠮᠢ ᠶ᠋ᠢ ᠨᠢ
ᠬᠠᠷ᠎ᠠ ᠰᠠᠪᠠᠷ ᠢ᠋ᠶ᠋ᠠᠷ ᠢ᠋ᠶ᠋ᠠᠨ ᠲᠠᠰᠤᠯᠤᠭᠠᠳ
ᠡᠳ᠋ᠯᠡᠭᠰᠡᠨ ᠬᠠᠮᠤᠭ ᠵᠣᠪᠠᠯᠠᠩ ᠢ᠋ ᠨᠢ
ᠡᠨᠡᠯᠦᠨ ᠤᠷᠤᠰᠤᠭᠰᠠᠨ ᠨᠢᠯᠪᠤᠰᠤ ᠶ᠋ᠢ ᠨᠢ
ᠲᠠᠯᠬ᠎ᠠ ᠰᠢᠬᠢᠷ ᠲᠡᠢ ᠬᠣᠯᠢᠭᠠᠳ
ᠲᠠᠮᠰᠢᠶᠠᠯᠠᠵᠤ ᠢᠨᠢᠶᠡᠵᠦ ᠰᠠᠭᠤᠨ᠎ᠠ ᠡ᠂ ᠴᠢ?》
ᠥᠯᠵᠡᠢ ᠶ᠋ᠢᠨ ᠡᠨᠡ ᠦᠭᠡᠰ
ᠥᠷᠥᠭᠡᠨ ᠳᠣᠲᠣᠷ᠎ᠠ ᠴᠤᠤᠷᠢᠶᠠᠯᠠᠵᠤ᠂
ᠠᠬᠢᠭᠠᠳ ᠪᠠᠰᠠ ᠦᠷᠭᠦᠯᠵᠢᠯᠡᠵᠦ
ᠠᠯᠠᠭᠠᠨ ᠤ᠋ ᠳᠠᠭᠤ ᠰᠣᠨᠣᠰᠲᠠᠯ᠎ᠠ᠃
ᠠᠮᠠᠨ ᠳ᠋ᠠᠭᠠᠨ ᠲᠠᠮᠠᠬᠢ ᠵᠠᠭᠤᠭᠠᠳ
ᠠᠵᠢᠭ ᠦᠭᠡᠢ ᠰᠠᠭᠤᠭᠰᠠᠨ ᠵᠠᠮᠪᠠᠯ ᠤ᠋ᠨ
ᠠᠷᠢᠭ ᠬᠣᠶᠠᠷ ᠰᠢᠨ᠎ᠡ ᠳ᠋ᠦ᠍ᠨᠢ
ᠠᠷᠪᠠᠨ ᠬᠤᠷᠤᠭᠤᠨ ᠤ᠋ ᠮᠥᠷ
ᠤᠯᠠᠢᠰ ᠭᠡᠵᠦ ᠲᠣᠳᠣᠷᠠᠭᠠᠳ
ᠤᠯᠠᠮ ᠤᠯᠠᠮ ᠬᠣᠷᠣᠰᠪᠠ
ᠠᠭᠤᠷ ᠨᠢ ᠬᠦᠷᠦᠭᠰᠡᠨ ᠵᠠᠮᠪᠠᠯ
ᠤᠬᠤᠰᠬᠢᠵᠦ ᠪᠣᠰᠪᠠ᠃
| ᠬᠡᠦᠬᠡᠨ ᠵᠠᠮᠪᠠᠭ᠎ᠠ ᠶ᠋ᠢᠨ ᠬᠣᠭᠣᠯᠠᠢ ᠶ᠋ᠢ
ᠪᠢ ᠣᠴᠢᠵᠤ ᠣᠭᠲᠣᠯᠤᠭᠠ ᠶᠣ?
ᠬᠥᠮᠦᠨ ᠦ᠌ ᠪᠡᠶ᠎ᠡ ᠳ᠋ᠦ᠍ ᠬᠠᠯᠳᠠᠬᠤ
ᠴᠢ ᠶᠠᠭᠤ ᠶᠤᠮ ᠪᠣᠢ? ᠭᠡᠵᠦ
ᠥᠨᠳᠥᠷ ᠳᠠᠭᠤ ᠪᠠᠷ ᠵᠠᠩᠳᠤᠷᠴᠤ
ᠥᠷᠥᠭᠡᠰᠦᠨ ᠭᠠᠷ ᠢ᠋ᠶ᠋ᠠᠨ ᠳᠠᠯᠠᠢᠵᠤ
ᠡᠮᠦᠨ᠎ᠡ ᠪᠡᠨ ᠵᠣᠭᠰᠣᠭᠰᠠᠨ ᠬᠡᠦᠬᠡᠨ ᠢ᠋
ᠥᠩᠬᠥᠷᠢᠵᠦ ᠤᠨᠠᠮᠠᠷ ᠳᠡᠯᠡᠰᠪᠡ᠃
ᠭᠡᠪᠡᠴᠦ᠂ ᠥᠯᠵᠡᠢ ᠣᠢᠴᠢᠭᠰᠠᠨ ᠦᠭᠡᠢ
ᠭᠡᠳᠡᠷᠭᠦ ᠪᠡᠨ ᠬᠣᠶᠠᠷ ᠠᠯᠬᠤᠵᠤ
ᠲᠡᠩᠴᠡᠭᠦᠷᠢ ᠪᠡᠨ ᠣᠯᠵᠤ ᠵᠣᠭᠰᠣᠭᠠᠳ
ᠲᠡᠨᠳᠡ ᠪᠡᠨ ᠲᠠᠯᠪᠢᠭᠠᠰᠤᠲᠠᠢ ᠪᠠᠢᠭᠰᠠᠨ
ᠬᠣᠷᠢᠨ ᠳᠣᠯᠣᠭ᠎ᠠ ᠶ᠋ᠢᠨ ᠲᠦᠯᠬᠢᠭᠦᠷ ᠢ᠋
ᠬᠣᠷᠣᠮ ᠤ᠋ᠨ ᠲᠡᠳᠦᠢ ᠰᠢᠭᠦᠷᠦᠯᠡ
《ᠭᠠᠬᠠᠢ》ᠴᠢᠯᠠᠭᠤᠳᠠᠵᠤ ᠲᠣᠭᠯᠠᠳᠠᠭ
ᠭᠠᠷ ᠤ᠋ᠨ ᠲᠦᠢ ᠪᠡᠨ ᠭᠠᠷᠭᠠᠯ᠎ᠠ᠃
ᠴᠢᠳᠠᠮᠠᠭ ᠲᠦᠷᠭᠡᠨ ᠭᠠᠷ ᠡᠴᠡ ᠨᠢ
ᠴᠢᠪᠬᠠᠳᠠᠵᠤ ᠮᠤᠯᠲᠤᠷᠠᠭᠰᠠᠨ ᠲᠦᠯᠬᠢᠭᠦᠷ
ᠵᠠᠢᠯᠠᠵᠤ ᠮᠡᠨᠳᠦ ᠭᠠᠷᠬᠤ ᠶ᠋ᠢᠨ
ᠵᠠᠪᠳᠤᠯ ᠥᠭᠭᠦᠯ ᠦᠭᠡᠢ ᠲᠤᠰᠬᠤ ᠳ᠋ᠤ᠌
ᠲᠦᠯᠬᠢᠭᠦᠷ᠂ ᠵᠠᠮᠪᠠᠯ ᠬᠣᠶᠠᠷ
ᠲᠦᠷᠭᠡᠨ ᠭᠡᠭᠴᠢ ᠤᠨᠠᠯ᠎ᠠ᠂
ᠲᠡᠭᠦᠨ ᠢ᠋ ᠬᠠᠷᠠᠭᠠᠳ ᠥᠯᠵᠡᠢ
ᠬᠡᠪ ᠭᠡᠨᠡᠳᠲᠡ ᠠᠶᠤᠯ᠎ᠠ᠃
ᠠᠭᠤᠷ ᠨᠢ ᠬᠡᠳᠦᠢ ᠰᠢᠲᠠᠭᠰᠠᠨ ᠴᠦ᠍
ᠤᠶᠠᠬᠠᠨ ᠵᠢᠷᠦᠬᠡ ᠨᠢ ᠴᠡᠴᠡᠷᠡᠨ᠎ᠡ᠂
《ᠠᠢ ᠶᠠᠭᠠᠬᠢᠨ᠎ᠠ ᠡ!》ᠭᠡᠵᠦ
ᠠᠮᠠᠨ ᠳᠣᠲᠣᠷ᠎ᠠ ᠪᠠᠨ ᠰᠢᠪᠡᠨᠡᠨ᠎ᠡ᠃
ᠰᠢᠳᠡᠭᠰᠡᠨ ᠲᠦᠯᠬᠢᠭᠦᠷ ᠢ᠋ᠶ᠋ᠡᠨ ᠠᠪᠤᠭᠠᠳ
ᠰᠢᠷᠪᠢᠵᠦ ᠨᠢᠭᠡ ᠬᠠᠷᠠᠪᠠᠯ
ᠨᠣᠢᠲᠠᠨ ᠪᠣᠯᠤᠭᠰᠠᠨ ᠶᠠᠭᠤᠮ᠎ᠠ ᠦᠭᠡᠢ ᠰᠢᠭ
ᠨᠠᠭᠠᠯᠳᠤᠭᠰᠠᠨ ᠪᠠᠷᠢᠭᠰᠠᠨ ᠴᠢᠰᠤ ᠦᠭᠡᠢ ᠰᠢᠭ᠁
ᠲᠡᠭᠡᠲᠡᠯ᠎ᠡ ᠴᠦ᠍ ᠵᠠᠮᠪᠠᠯ ᠥᠨᠳᠡᠢᠯ᠎ᠡ
ᠲᠡᠨᠳᠡ ᠪᠡᠨ ᠪᠣᠰᠤᠭᠠᠳ ᠰᠠᠭᠤᠴᠢᠬᠠᠯ᠎ᠠ᠃
ᠪᠠᠷᠢᠭᠰᠠᠨ ᠲᠦᠯᠬᠢᠭᠦᠷ ᠢ᠋ ᠨᠢ ᠬᠠᠷᠠᠮᠠᠭᠴᠠ
ᠪᠠᠰᠠ ᠳᠠᠬᠢᠨ ᠳᠠᠯᠳᠢᠷᠠᠯᠠ᠃
《ᠠᠶᠤᠬᠤ ᠶᠠᠭᠤᠮ᠎ᠠ ᠦᠭᠡᠢ ᠵᠠᠮᠪᠠᠯ!
ᠠᠬᠢᠭᠠᠳ ᠪᠢ ᠴᠣᠬᠢᠬᠤ ᠦᠭᠡᠢ
ᠣᠷᠣᠢ ᠦᠳᠡᠰᠢ ᠴᠦ᠍ ᠪᠣᠯᠤᠯ᠎ᠠ
ᠣᠳᠣ ᠲᠠ ᠶᠠᠪᠤ ᠳᠠ᠃
ᠡᠢᠮᠦ ᠬᠥᠮᠦᠨ ᠢ᠋ ᠤᠨᠲᠠᠭᠤᠯᠬᠤ ᠡᠴᠡ ᠪᠠᠨ
ᠢᠴᠢᠵᠦ ᠪᠠᠢᠨ᠎ᠠ᠂ ᠠᠶᠤᠵᠤ ᠴᠦ᠍ ᠪᠠᠢᠨ᠎ᠠ᠂
ᠨᠢᠭᠡ ᠶ᠋ᠢ ᠠᠯᠠᠭᠰᠠᠨ ᠬᠥᠮᠦᠨ ᠲᠠ
ᠨᠡᠮᠡᠵᠦ ᠪᠠᠰᠠ ᠢᠲᠡᠭᠡᠯ ᠦᠭᠡᠢ ᠪᠠᠢᠨ᠎ᠠ᠃
ᠴᠥᠬᠥᠷᠡᠯ᠂ ᠭᠤᠨᠢᠭ ᠤ᠋ᠨ ᠦᠨ᠎ᠡ ᠪᠡᠷ
ᠬᠤᠯᠠᠭᠠᠢᠯᠠᠵᠤ ᠬᠢᠮᠤᠰᠤᠯᠠᠵᠤ ᠠᠪᠴᠢᠷᠠᠭᠰᠠᠨ
ᠴᠥᠭᠡᠬᠡᠨ ᠬᠣᠨᠣᠭ ᠤ᠋ᠨ ᠵᠢᠷᠭᠠᠯ ᠳ᠋ᠤ᠌
ᠬᠤᠷᠤᠭᠤ ᠲᠥᠷᠥᠭᠰᠡᠨ ᠳ᠋ᠡᠭᠡᠨ ᠢᠴᠢᠵᠦ ᠪᠠᠢᠨ᠎ᠠ》
ᠥᠯᠵᠡᠢ ᠢᠩᠭᠢᠵᠦ ᠬᠡᠯᠡᠭᠡᠳ
ᠥᠷᠥᠭᠡᠨ ᠳᠣᠲᠣᠷᠠᠬᠢ ᠪᠠᠨ ᠶᠠᠩᠵᠤᠯᠠᠪᠠ᠂
| ᠪᠢ ᠴᠦ᠍ ᠭᠠᠢᠭᠤᠢ᠂ ᠴᠢ ᠯᠡ ᠠᠯᠠᠬᠤ ᠨᠢ ᠭᠡᠵᠦ
ᠪᠡᠶ᠎ᠡ ᠪᠡᠨ ᠥᠮᠥᠭᠡᠷᠡᠵᠦ ᠵᠠᠮᠪᠠᠯ ᠳᠤᠤᠭᠠᠷᠪᠠ᠃
| ᠠᠮᠢᠳᠤᠷᠠᠯ ᠰᠡᠳᠬᠢᠯ ᠦ᠋ᠨ ᠣᠨᠴᠠᠯᠢᠭ ᠢ᠋ᠶ᠋ᠠᠷ
ᠠᠳᠠᠯᠢᠬᠠᠨ ᠲᠥᠷᠥᠭᠰᠡᠨ ᠦ᠌ ᠬᠤᠪᠢ ᠳ᠋ᠤ᠌
ᠠᠩᠬᠢᠯ ᠵᠠᠮᠪᠠᠭ᠎ᠠ ᠶ᠋ᠢᠨ ᠣᠷᠣᠨ ᠡᠴᠡ
ᠠᠯᠠᠮᠠᠷ ᠶᠤᠮ᠂ ᠴᠢᠮᠠᠶ᠋ᠢ!
ᠲᠡᠭᠡᠪᠡᠴᠦ ᠪᠦᠰᠡᠭᠦᠢ ᠬᠥᠮᠦᠨ ᠳ᠋ᠦ᠍
ᠲᠡᠢᠮᠦ ᠵᠢᠷᠦᠬᠡ ᠪᠠᠢᠳᠠᠭ ᠦᠭᠡᠢ ᠶᠤᠮ
ᠲᠡᠭᠡᠭᠡᠵᠦ ᠭᠠᠷᠭᠠᠭᠠᠳ ᠲᠡᠪᠡᠷᠢᠵᠦ ᠥᠰᠬᠡᠬᠦ
ᠲᠡᠢᠮᠦ ᠯᠡ ᠬᠦᠰᠡᠯᠡᠩ ᠪᠠᠢᠳᠠᠭ ᠶᠤᠮ
ᠭᠡᠵᠦ ᠥᠯᠵᠡᠢ ᠵᠠᠩᠨᠠᠭᠰᠠᠭᠠᠷ
ᠭᠡᠷ ᠡᠴᠡ ᠪᠡᠨ ᠲᠡᠭᠦᠨ ᠢ᠋ ᠬᠥᠭᠡᠭᠡᠭᠰᠡᠭᠡᠷ
ᠬᠡᠯᠡᠭᠰᠡᠨ ᠪᠦᠬᠦᠨ ᠢ᠋ ᠨᠢ ᠪᠤᠷᠤᠭᠤᠳᠬᠠᠵᠤ
ᠬᠡᠳᠦᠨ ᠴᠠᠭ ᠭᠡᠷᠡᠯᠲᠦᠵᠡᠢ᠃
ᠲᠡᠭᠡᠭᠡᠳ ᠶᠠᠭᠤ ᠪᠣᠯᠤᠭᠰᠠᠨ ᠢ᠋
ᠲᠡᠮᠡᠴᠡᠵᠦ ᠬᠡᠴᠢᠨᠡᠭᠡᠨ ᠭᠡᠷᠡᠯᠲᠦᠭᠰᠡᠨ ᠢ᠋
ᠲᠡᠷᠢᠭᠦᠨ ᠵᠡᠷᠭᠡ ᠶ᠋ᠢᠨ ᠬᠣᠪᠴᠢᠨ ᠪᠢᠰᠢ
ᠲᠡᠮᠳᠡᠭᠯᠡᠵᠦ ᠪᠢᠴᠢᠭᠡᠳ ᠶᠠᠭᠠᠬᠢᠬᠤᠪ᠃
ᠮᠡᠳᠡᠬᠦ ᠡᠴᠡ᠂ ᠲᠡᠷᠡ ᠰᠥᠨᠢ
ᠮᠡᠴᠢᠳ ᠰᠢᠩᠭᠡᠵᠦ ᠪᠠᠢᠬᠤ ᠳ᠋ᠤ᠌
ᠮᠠᠯ ᠭᠠᠢᠬᠠᠭᠰᠠᠨ ᠵᠠᠮᠪᠠᠯ
ᠭᠤᠳᠤᠮᠵᠢᠨ ᠳ᠋ᠤ᠌ ᠶᠠᠪᠤᠵᠤ ᠪᠠᠢᠭᠰᠠᠨ ᠳ᠋ᠠᠭ᠁
