ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠤᠷᠢᠨ ᠨᠢᠭᠡ Үүрийн туяа II – Б ᠂ Ренчин Хоёрдугаар дэвтэр "Гал усны гашуун зовлон"-21
ᠬᠣᠷᠢᠨ ᠨᠢᠭᠡ᠂ ᠲᠦᠷᠢᠮᠡᠬᠡᠢᠯᠡᠨ ᠡᠵᠡᠯᠡᠭᠴᠢᠳ ᠦ᠋ᠨ ᠬᠥᠯ ᠳᠣᠣᠷ᠎ᠠ ᠭᠢᠰᠬᠢᠭᠳᠡᠭᠰᠡᠨ ᠤᠯᠤᠰ
Свiте тихий , краю милий ,
Моя украiна !
3а що тебе сплюндровано ,
3а що , мамо , гинеш ?
Шевченко *
— — — —
* ᠡᠩᠬᠡ ᠠᠮᠤᠷᠯᠢᠩᠭᠤᠢ ᠳᠡᠯᠡᠬᠡᠢ᠂ ᠡᠩᠬᠦᠷᠡᠢ ᠨᠤᠲᠤᠭ᠂ ᠦᠺᠷᠠᠢᠨ ᠮᠢᠨᠢ! ᠶᠠᠭᠤᠨ ᠠ᠋ᠴᠠ ᠪᠣᠯᠵᠤ ᠴᠢᠮᠠᠶ᠋ᠢ ᠮᠢᠨᠢ ᠳᠠᠯᠠᠨ ᠲᠣᠨᠣᠵᠤ᠂ ᠶᠠᠭᠤᠨ ᠠ᠋ᠴᠠ ᠪᠣᠯᠵᠤ ᠡᠵᠢ ᠨᠤᠲᠤᠭ ᠮᠢᠨᠢ ᠰᠥᠨᠥᠵᠦ ᠪᠠᠢᠨᠠᠮ ᠪᠣᠢ ᠴᠢ?
ᠣᠯᠠᠨ᠎ᠠ ᠶ᠋ᠢᠨ ᠶᠢᠰᠦᠳᠦᠭᠡᠷ ᠣᠨ ᠤ᠋ ᠡᠪᠦᠯ ᠦ᠋ᠨ ᠳᠤᠮᠳᠠᠳᠤ ᠰᠠᠷ᠎ᠠ ᠶ᠋ᠢᠨ ᠰᠢᠨᠡᠳ ᠢ᠋ᠶ᠋ᠡᠷ᠂ ᠬᠦᠷᠢᠶᠡᠨ ᠦ᠌ ᠲᠠᠪᠤᠨ ᠶᠠᠮᠤᠨ ᠶᠡᠬᠡ ᠱᠠᠪᠢ ᠶ᠋ᠢᠨ ᠡᠷᠳᠡᠨᠢ ᠱᠠᠩᠵᠠᠪ ᠤ᠋ᠨ ᠶᠠᠮᠤᠨ᠎ᠠ ᠴᠢᠩᠳᠠᠯᠠᠨ ᠳᠠᠭᠠᠵᠤ ᠰᠢᠳᠬᠡᠭᠦᠯᠬᠦ ᠵᠠᠷᠯᠠᠯ ᠪᠢᠴᠢᠭ ᠢᠷᠡᠵᠦ᠂ ᠪᠦᠬᠦ ᠰᠠᠢᠳ ᠨᠣᠶᠠᠳ᠂ ᠳᠡᠭᠡᠳᠦ ᠯᠠᠮᠠ ᠲᠦᠰᠢᠮᠡᠳ ᠢ᠋ ᠨᠢᠭᠡ ᠶ᠋ᠢ ᠴᠦ᠍ ᠳᠤᠲᠠᠭᠳᠠᠭᠤᠯᠤᠯ ᠦᠭᠡᠢ ᠨᠢᠭᠡᠨ ᠵᠡᠷᠭᠡ ᠪᠡᠷ ᠰᠢᠷ᠎ᠠ ᠣᠷᠳᠣᠨ ᠤ᠋ ᠡᠮᠦᠨᠡᠬᠢ ᠲᠠᠯᠠᠪᠤᠷ ᠲᠤ᠌ ᠢᠷᠡᠭᠦᠯᠵᠦ᠂ ᠶᠡᠬᠡ ᠶᠡᠷᠦᠩᠬᠡᠢᠯᠡᠭᠴᠢ ᠶ᠋ᠢᠨ ᠵᠠᠷᠯᠠᠯ ᠶᠣᠰᠣᠭᠠᠷ ᠬᠠᠭᠠᠨ ᠳ᠋ᠤ᠌ ᠱᠠᠩᠨᠠᠯ ᠣᠯᠭᠣᠬᠤ ᠲᠠᠮᠠᠭ᠎ᠠ ᠡᠷᠭᠦᠮᠵᠢᠯᠡᠯ ᠢ᠋ ᠱᠠᠩᠨᠠᠨ ᠣᠯᠭᠣᠬᠤ ᠶᠡᠬᠡ ᠶᠣᠰᠣᠯᠠᠯ ᠳ᠋ᠤ᠌ ᠬᠥᠳᠡᠯᠬᠦ ᠳᠠᠪᠰᠢᠬᠤ ᠰᠤᠷᠭᠠᠭᠤᠯᠢ ᠬᠢᠯᠭᠡᠭᠲᠦᠨ ᠭᠡᠵᠡᠢ᠃
ᠬᠢᠲᠠᠳ ᠴᠡᠷᠢᠭ ᠦ᠋ᠨ ᠪᠠᠭ᠎ᠠ ᠳᠠᠷᠤᠭ᠎ᠠ ᠨᠠᠷ᠂ ᠸᠠᠩ ᠬᠦᠩ᠂ ᠶᠡᠬᠡᠷᠬᠡᠭ ᠬᠡᠭᠵᠢᠭᠦᠤ ᠳᠡᠭᠡᠳᠦᠰ ᠯᠠᠮᠠ ᠨᠠᠷ ᠢ᠋ ᠭᠠᠷ ᠬᠥᠯ ᠦ᠋ᠨ ᠰᠤᠷᠭᠠᠭᠤᠯᠢ ᠬᠢᠯᠭᠡᠵᠦ ᠡᠬᠢᠯᠡᠪᠡ᠃ ᠬᠣᠶᠠᠷ ᠴᠤᠪᠤᠭ᠎ᠠ ᠵᠢᠭᠰᠠᠭᠰᠠᠨ ᠬᠤᠲᠤᠭᠲᠤ ᠬᠠᠮᠪᠤ ᠴᠣᠷᠵᠢ ᠨᠠᠷ᠂ ᠨᠣᠶᠠᠳ ᠲᠦᠰᠢᠮᠡᠳ᠂ ᠶᠡᠷᠦ ᠡᠴᠡ ᠵᠢᠭᠰᠠᠭᠠᠯ ᠤ᠋ᠨ ᠰᠤᠷᠭᠠᠭᠤᠯᠢ ᠬᠢᠵᠦ ᠦᠵᠡᠭᠡᠳᠦᠢ ᠲᠤᠯᠠ᠂ ᠤᠷᠲᠤ ᠬᠣᠷᠮᠣᠢ ᠨᠢ ᠬᠥᠯ ᠳ᠋ᠦ᠍ᠨᠢ ᠣᠷᠢᠶᠠᠯᠳᠤᠵᠤ᠂ ᠬᠣᠢᠲᠤᠬᠢ ᠨᠢ ᠤᠷᠢᠳᠤᠬᠢ ᠯᠠᠮᠠ ᠨᠠᠷ ᠤ᠋ᠨ ᠣᠷᠬᠢᠮᠵᠢ ᠶ᠋ᠢᠨ ᠦᠵᠦᠭᠦᠷ ᠢ᠋ ᠭᠢᠰᠬᠢᠯᠡᠨ᠂ ᠬᠢᠲᠠᠳ ᠳᠠᠷᠤᠭ᠎ᠠ ᠨᠠᠷ ᠤ᠋ᠨ ᠲᠤᠰᠢᠶᠠᠨ ᠵᠠᠬᠢᠷᠬᠤ ᠺᠤᠮᠡᠨᠳᠠ ᠶ᠋ᠢᠨ ᠦᠭᠡ ᠶ᠋ᠢ ᠵᠥᠪ ᠪᠤᠷᠤᠭᠤ ᠤᠬᠠᠷᠠᠵᠤ᠂ ᠪᠤᠳᠤᠯᠢᠨ ᠰᠠᠮᠠᠭᠤᠷᠠᠵᠤ᠂ ᠤᠭ ᠵᠢᠭᠠᠭᠰᠠᠨ ᠵᠠᠢ ᠵᠠᠪᠰᠠᠷ ᠢ᠋ ᠠᠯᠳᠠᠬᠤ ᠦᠭᠡᠢ ᠰᠠᠨ ᠭᠡᠵᠦ ᠬᠢᠴᠢᠶᠡᠨ᠂ ᠨᠢᠭᠡ ᠤᠷᠤᠭᠰᠢ ᠳᠠᠪᠰᠢᠨ᠂ ᠨᠢᠭᠡ ᠬᠣᠢᠰᠢ ᠤᠬᠤᠷᠢᠨ᠂ ᠡᠪᠦᠳᠦᠭ ᠨᠤᠭᠤᠯᠤᠨ ᠰᠥᠭᠥᠳᠴᠦ᠂ ᠭᠤᠷᠪᠠᠨᠲᠠ ᠮᠥᠷᠭᠥᠬᠦ ᠵᠡᠷᠭᠡ ᠪᠡᠷ ᠶᠣᠰᠣᠯᠠᠯ ᠤ᠋ᠨ ᠰᠤᠷᠭᠠᠭᠤᠯᠢ ᠬᠢᠬᠦ ᠳ᠋ᠦ᠍᠂ ᠵᠡᠭᠦᠨ ᠬᠦᠷᠢᠶᠡᠨ ᠦ᠌ ᠣᠯᠠᠨ ᠪᠠᠭᠠᠴᠤᠳ ᠪᠠᠨᠳᠢ ᠨᠠᠷ ᠶᠡᠬᠡᠯ᠎ᠡ ᠪᠠᠬᠠᠳᠤᠨ ᠰᠣᠨᠢᠷᠬᠠᠵᠤ᠂ ᠲᠡᠷᠡ ᠣᠯᠠᠨ ᠰᠢᠷ᠎ᠠ ᠬᠠᠷ᠎ᠠ ᠡᠷᠬᠢᠮ ᠦ᠋ᠳ ᠡᠴᠡ ᠠᠯᠤᠰᠬᠠᠨ ᠵᠢᠭᠰᠠᠭᠠᠳ᠂ ᠲᠡᠳᠡᠨ ᠦ᠌ ᠬᠥᠳᠡᠯᠬᠦ ᠠᠭᠠᠰᠢᠯᠠᠬᠤ ᠶ᠋ᠢ ᠶᠠᠭ ᠠᠳᠠᠯᠢ ᠳᠠᠭᠤᠷᠢᠶᠠᠨ ᠲᠣᠭᠯᠠᠵᠠᠭᠠᠪᠠ᠃
ᠯᠠᠮᠠ ᠨᠣᠶᠠᠳ ᠲᠦᠰᠢᠮᠡᠳ᠂ ᠶᠣᠰᠣᠯᠠᠯ ᠤ᠋ᠨ ᠤᠬᠤᠷᠢᠬᠤ ᠳᠠᠪᠰᠢᠬᠤ ᠠᠯᠬᠤᠮ ᠢ᠋ ᠪᠣᠯᠪᠠᠰᠤᠷᠠᠭᠤᠯᠤᠨ ᠰᠤᠷᠭᠠᠭᠤᠯᠢᠯᠠᠭᠰᠠᠭᠠᠷ ᠬᠡᠳᠦᠨ ᠡᠳᠦᠷ ᠮᠠᠬᠠᠷᠠᠵᠤ᠂ ᠲᠡᠭ ᠲᠡᠭᠡᠭᠰᠡᠭᠡᠷ ᠥᠨᠥᠬᠢ ᠳᠣᠭᠰᠢᠨ ᠴᠢᠩᠭ᠎ᠠ ᠪᠠᠭ᠎ᠠ ᠳᠠᠷᠤᠭ᠎ᠠ ᠨᠠᠷ ᠵᠢᠭᠰᠠᠬᠤ ᠬᠥᠳᠡᠯᠬᠦ ᠰᠤᠷᠭᠠᠭᠤᠯᠢ ᠳ᠋ᠤ᠌ ᠪᠣᠯᠪᠠᠰᠤᠷᠠᠪᠠ ᠭᠡᠵᠦ ᠨᠢᠭᠦᠯᠰᠤᠨ ᠵᠥᠭᠡᠯᠡᠷᠡᠵᠦ᠂ ᠥᠨᠥᠬᠢ ᠮᠠᠬᠠᠷᠠᠵᠤ ᠵᠦᠳᠡᠷᠡᠭᠰᠡᠨ ᠨᠣᠶᠠᠳ ᠯᠠᠮᠠ ᠨᠠᠷ ᠤ᠋ᠨ ᠬᠥᠯ ᠢ᠋ ᠰᠠᠢ᠍ᠢ(ᠰᠠᠶᠢ) ᠠᠮᠠᠷᠠᠭᠠᠵᠠᠢ᠃
ᠣᠯᠠᠨ᠎ᠠ ᠶ᠋ᠢᠨ ᠶᠢᠰᠦᠳᠦᠭᠡᠷ ᠣᠨ ᠤ᠋ ᠡᠪᠦᠯ ᠦ᠋ᠨ ᠳᠤᠮᠳᠠ ᠰᠠᠷ᠎ᠠ ᠶ᠋ᠢᠨ ᠰᠢᠨ᠎ᠡ ᠶ᠋ᠢᠨ ᠳᠣᠯᠣᠭᠠᠨ ᠤ᠋ ᠥᠷᠯᠥᠭᠡ᠂ ᠲᠤᠤᠯᠠ ᠳ᠋ᠠᠬᠢ ᠪᠣᠭᠳᠠ ᠶ᠋ᠢᠨ ᠨᠣᠭᠣᠭᠠᠨ ᠣᠷᠳᠣᠨ ᠠ᠋ᠴᠠ ᠵᠡᠭᠦᠨ ᠬᠦᠷᠢᠶᠡᠨ ᠦ᠌ ᠬᠦᠷᠳᠦ ᠬᠦᠷᠲᠡᠯ᠎ᠡ ᠵᠠᠮ ᠤ᠋ᠨ ᠬᠣᠶᠠᠷ ᠬᠠᠵᠠᠭᠤ ᠪᠠᠷ ᠨᠡᠢᠰᠯᠡᠯ ᠬᠦᠷᠢᠶᠡᠨ ᠦ᠌ ᠴᠡᠷᠢᠭ ᠵᠢᠭᠰᠠᠵᠠᠢ᠃ ᠵᠡᠭᠦᠨ ᠡᠮᠦᠨ᠎ᠡ ᠵᠦᠭ᠂ ᠰᠠᠩ ᠤ᠋ᠨ ᠶᠠᠮᠤᠨ ᠤ᠋ ᠪᠠᠢᠰᠢᠩ ᠠ᠋ᠴᠠ ᠰᠢᠷ᠎ᠠ ᠣᠷᠳᠣᠨ ᠤ᠋ ᠵᠦᠭ᠂ ᠬᠢᠲᠠᠳ ᠴᠡᠷᠢᠭ ᠶᠣᠰᠣᠯᠠᠯ ᠤ᠋ᠨ ᠴᠣ ᠰᠢᠨ᠎ᠡ ᠬᠤᠪᠴᠠᠰᠤ ᠡᠮᠦᠰᠴᠦ ᠥᠷᠭᠡᠨ ᠭᠤᠳᠤᠮᠵᠢᠯᠠᠨ ᠵᠢᠭᠰᠠᠵᠠᠢ᠃ ᠲᠠᠷᠭᠤᠨ ᠴᠠᠳᠬᠤᠯᠠᠩ ᠶᠡᠬᠡ ᠵᠠᠩ ᠲᠠᠢ ᠬᠢᠲᠠᠳ ᠴᠡᠷᠢᠭ᠂ ᠰᠢᠪ ᠰᠢᠨ᠎ᠡ ᠸᠢᠨᠲ᠋ᠣᠸ ᠲᠤ᠌ ᠤᠭᠰᠤᠷᠠᠭᠰᠠᠨ (ᠤᠭᠰᠠᠷᠠᠭᠰᠠᠨ) ᠥᠷᠭᠡᠨ ᠬᠢᠲᠤᠭᠠᠨ ᠵᠢᠳᠠ ᠭᠢᠯᠠᠯᠵᠠᠭᠤᠯᠤᠨ᠂ ᠬᠦᠷᠡᠩ ᠵᠣᠰᠣᠨ ᠪᠣᠳᠣᠭ ᠲᠠᠢ ᠱᠥᠷᠭᠡ ᠶ᠋ᠢᠨ ᠳᠣᠲᠣᠭᠠᠳᠤ ᠶᠡᠬᠡ ᠬᠠᠭᠠᠯᠭ᠎ᠠ ᠬᠦᠷᠲᠡᠯ᠎ᠡ ᠵᠠᠮ ᠤ᠋ᠨ ᠬᠣᠶᠠᠷ ᠡᠲᠡᠭᠡᠳ ᠵᠢᠭᠰᠠᠭᠠᠳ᠂ ᠶᠡᠬᠡ ᠬᠠᠭᠠᠯᠭᠠᠨ ᠤ᠋ ᠳᠡᠭᠡᠷ᠎ᠡ ᠲᠠᠪᠤᠨ ᠤᠭᠰᠠᠭ᠎ᠠ ᠨᠠᠢᠷᠠᠯᠳᠤᠬᠤ ᠶ᠋ᠢ ᠪᠡᠯᠭᠡᠳᠡᠭᠰᠡᠨ ᠲᠠᠪᠤᠨ ᠥᠩᠭᠡ ᠶ᠋ᠢᠨ ᠬᠢᠲᠠᠳ ᠳᠠᠯᠪᠠᠭ᠎ᠠ ᠡᠯᠭᠦᠭᠰᠡᠨ ᠨᠢ ᠤᠯᠠᠭᠠᠨ ᠥᠩᠭᠡ ᠬᠢᠲᠠᠳ᠂ ᠰᠢᠷ᠎ᠠ ᠥᠩᠭᠡ ᠮᠠᠨᠵᠤ᠂ ᠬᠥᠬᠡ ᠥᠩᠭᠡ ᠮᠣᠩᠭᠣᠯ᠂ ᠬᠠᠷ᠎ᠠ ᠥᠩᠭᠡ ᠲᠥᠪᠡᠳ᠂ ᠴᠠᠭᠠᠨ ᠥᠩᠭᠡ ᠯᠠᠯᠤ ᠲᠥᠷᠥᠭ ᠦᠨᠳᠦᠰᠦᠲᠡᠨ ᠭᠡᠰᠡᠨ ᠤᠳᠬ᠎ᠠ ᠲᠠᠢ ᠲᠠᠪᠤᠨ ᠥᠩᠭᠡ ᠠᠵᠤᠭᠤ᠃
ᠵᠡᠭᠦᠨ ᠬᠦᠷᠢᠶᠡᠨ ᠦ᠌ ᠡᠮᠦᠨ᠎ᠡ ᠭᠣᠣᠯ ᠤ᠋ᠨ ᠶᠡᠬᠡ ᠬᠦᠷᠳᠦᠨ ᠦ᠌ ᠡᠮᠦᠨ᠎ᠡ ᠲᠠᠯ᠎ᠠ ᠳ᠋ᠤ᠌ ᠮᠣᠩᠭᠣᠯ ᠴᠡᠷᠢᠭ ᠦ᠋ᠨ ᠵᠢᠭᠰᠠᠭᠠᠯ ᠰᠢᠪᠲᠦᠷᠴᠦ᠂ ᠬᠦᠷᠢᠶᠡᠨ ᠦ᠌ ᠳᠣᠲᠣᠭᠠᠳᠤ ᠳ᠋ᠤ᠌ ᠣᠷᠣᠵᠤ ᠴᠢᠳᠠᠯ ᠦᠭᠡᠢ ᠵᠢᠭᠰᠠᠭᠰᠠᠨ ᠭᠠᠵᠠᠷ ᠠ᠋ᠴᠠ ᠮᠠᠨᠵᠤ ᠲᠠᠢᠴᠢᠩ ᠤᠯᠤᠰ ᠤ᠋ᠨ ᠬᠠᠭᠠᠨ ᠠ᠋ᠴᠠ ᠬᠤᠲᠤᠭᠲᠤ ᠵᠢᠪᠽᠥ᠋ᠨᠳᠠᠮᠪᠠ ᠳ᠋ᠤ᠌ ᠱᠠᠩᠨᠠᠨ ᠪᠤᠰᠬᠠᠭᠰᠠᠨ ᠶᠣᠰᠣᠯᠠᠯ ᠤ᠋ᠨ ᠬᠠᠭᠠᠯᠭᠠᠨ᠎ᠠ ᠬᠦᠷᠲᠡᠯ᠎ᠡ ᠵᠢᠭᠰᠠᠭᠰᠠᠨ ᠬᠢᠲᠠᠳ ᠴᠡᠷᠢᠭ ᠦ᠋ᠨ ᠵᠢᠭᠰᠠᠭᠠᠯ ᠬᠦᠷᠲᠡᠯᠡᠬᠢ ᠥᠷᠭᠡᠨ ᠴᠢᠯᠦᠭᠡᠨ᠎ᠡ ᠬᠦᠷᠢᠶᠡᠨ ᠦ᠌ ᠣᠯᠠᠨ ᠴᠤᠭᠯᠠᠵᠠᠢ᠃
ᠡᠮᠡᠰ ᠬᠡᠦᠬᠡᠳ᠂ ᠡᠪᠦᠭᠡᠳ᠂ ᠡᠮᠡᠭᠡᠳ᠂ ᠬᠣᠲᠠ ᠬᠥᠳᠡᠭᠡ ᠶ᠋ᠢᠨ ᠬᠥᠮᠦᠨ᠂ ᠣᠯᠠᠨ ᠮᠢᠩᠭᠠᠨ ᠡᠩ ᠦ᠋ᠨ ᠯᠠᠮᠠ ᠨᠠᠷ ᠲᠡᠷᠡ ᠲᠠᠯᠠᠪᠤᠷ ᠳᠦᠭᠦᠷᠴᠡᠢ᠃ ᠮᠣᠩᠭᠣᠯ ᠤ᠋ᠨ ᠲᠡᠰᠬᠢᠮ᠎ᠡ ᠡᠪᠦᠯ ᠦ᠋ᠨ ᠬᠦᠢᠲᠡᠨ ᠳ᠋ᠦ᠍ ᠰᠤᠷᠤᠭ᠎ᠠ ᠦᠭᠡᠢ ᠬᠠᠷ᠎ᠠ ᠬᠤᠪᠴᠠᠰᠤ ᠲᠠᠢ ᠬᠢᠲᠠᠳ ᠴᠠᠭᠳᠠᠭ᠎ᠠ ᠨᠠᠷ ᠪᠠᠷᠪᠠᠢᠨ ᠪᠡᠭᠡᠷᠡᠵᠦ ᠪᠢᠴᠢᠬᠠᠨ ᠪᠢᠯᠠᠭᠤ ᠳᠠᠯᠠᠢᠵᠠᠭᠠᠨ᠂ ᠣᠯᠠᠨ ᠤ᠋ ᠵᠦᠭ ᠰᠦᠷ ᠪᠠᠳᠠᠷᠠᠭᠤᠯᠤᠨ ᠵᠠᠩᠳᠤᠷᠴᠤ᠂ ᠴᠠᠰᠢ ᠨᠠᠰᠢ ᠶᠠᠪᠤᠵᠤ ᠪᠠᠢᠪᠠ᠃
ᠭᠣᠶᠣᠯ ᠤ᠋ᠨ ᠳᠡᠪᠡᠯ ᠡᠮᠦᠰᠦᠭᠰᠡᠨ ᠭᠠᠩᠭᠠᠩ ᠳ᠋ᠠᠩᠵᠢᠶᠠᠳᠠ(ᠳᠠᠩᠵᠢᠶᠠᠳ)᠂ ᠬᠤᠳᠠᠯᠳᠤᠭᠠᠴᠢᠨ ᠵᠠᠩᠭᠦᠢᠳᠠ ᠨᠠᠷ ᠴᠠᠭᠳᠠᠭ᠎ᠠ ᠨᠠᠷ ᠢ᠋ᠶ᠋ᠠᠷ ᠬᠠᠰᠢᠭᠤᠯᠤᠭᠰᠠᠨ ᠣᠯᠠᠨ ᠤ᠋ ᠡᠮᠦᠨᠡᠭᠦᠷ ᠶᠡᠬᠡ ᠵᠠᠩ ᠲᠠᠢ ᠭᠡᠭᠴᠢ ᠪᠡᠷ ᠠᠯᠬᠤᠨ ᠶᠠᠪᠤᠵᠤ᠂ ᠬᠢᠲᠤᠭᠠᠨ ᠵᠢᠳᠠ ᠪᠠᠨ ᠠᠷᠵᠠᠢᠯᠭᠠᠨ ᠴᠢᠮᠡᠭᠡ ᠢᠮᠡᠭᠡ ᠦᠭᠡᠢ ᠵᠣᠭᠰᠣᠵᠤ ᠪᠠᠢᠭ᠎ᠠ ᠬᠢᠲᠠᠳ ᠴᠡᠷᠢᠭ ᠦ᠋ᠨ ᠵᠢᠭᠰᠠᠭᠠᠯ ᠢ᠋ ᠬᠠᠪᠠᠷᠬᠠᠨ ᠬᠠᠷᠠᠵᠤ ᠶᠠᠪᠤᠭᠰᠠᠨ ᠨᠢ᠂ ᠴᠠᠭᠳᠠᠭ᠎ᠠ ᠨᠠᠷ ᠲᠤ᠌ ᠬᠥᠭᠡᠭᠡᠭᠳᠡᠳᠡᠭ ᠦᠭᠡᠢ ᠪᠡᠨ ᠮᠣᠩᠭᠣᠯᠴᠤᠳ ᠲᠤ᠌ ᠦᠵᠡᠭᠦᠯᠦᠨ᠂ ᠶᠡᠬᠡᠯ᠎ᠡ (ᠶᠡᠬᠡ ᠯᠡ) ᠰᠠᠭᠰᠠᠭᠤ ᠪᠠᠢᠳᠠᠯ ᠲᠠᠢ ᠠᠵᠤᠭᠤ᠃ ᠣᠯᠠᠨ ᠤ᠋ ᠳᠤᠮᠳᠠ ᠴᠢᠬᠢᠯᠴᠡᠨ ᠵᠣᠭᠰᠣᠵᠤ ᠪᠠᠢᠭᠰᠠᠨ ᠨᠠᠰᠤᠨᠪᠠᠲᠤ ᠶ᠋ᠢ ᠰᠣᠨᠣᠰᠪᠠᠯ᠂ ᠨᠢᠭᠡᠨ ᠵᠠᠩᠭᠥᠢᠳᠠ(ᠵᠠᠩᠭᠤᠢᠳᠠ) ᠮᠠᠢᠮᠠᠢᠴᠢᠨ ᠨᠥᠭᠦᠭᠡ ᠨᠢᠭᠡ ᠳ᠋ᠡᠭᠡᠨ(ᠳ᠋ᠦ᠍ ᠪᠡᠨ) ᠥᠭᠦᠯᠡᠷᠦᠨ᠂
— ᠣᠳᠣ ᠪᠢᠳᠡ ᠨᠠᠷ ᠡᠨᠡ ᠦᠮᠡᠬᠡᠢ ᠮᠣᠩᠭᠣᠯ《ᠼᠧᠦ ᠳ᠋ᠠᠽᠢ ᠲᠠᠢ》 ᠥᠮᠨᠥᠭᠡ ᠪᠡᠷ ᠶᠠᠷᠢᠬᠤ ᠪᠣᠯᠤᠨ᠎ᠠ᠃ ᠰᠣᠨᠣᠰᠪᠠᠯ᠂ ᠮᠣᠩᠭᠣᠯᠴᠤᠳ ᠢ᠋ ᠰᠢᠬᠠᠵᠤ ᠮᠠᠨᠠᠢ(ᠮᠠᠨ ᠤ᠋) ᠬᠠᠭᠤᠴᠢᠨ ᠥᠷᠢ ᠶ᠋ᠢ ᠲᠥᠯᠥᠭᠦᠯᠬᠦ ᠪᠠᠶᠠᠷᠲᠠᠢ ᠮᠡᠳᠡᠭᠡ ᠰᠤᠷᠠᠭ ᠪᠣᠢ ᠭᠡᠵᠡᠢ᠃
ᠮᠣᠩᠭᠣᠯᠴᠤᠳ ᠤ᠋ᠨ ᠳᠤᠮᠳᠠ᠂ ᠦᠰᠦ ᠲᠡᠢ ᠪᠣᠭᠣᠨᠢ ᠬᠠᠭᠤᠴᠢᠨ ᠳᠡᠪᠡᠯ ᠲᠡᠢ᠂ ᠨᠡᠬᠡᠢ ᠥᠮᠥᠳᠥ ᠲᠡᠢ ᠨᠢᠭᠡ ᠡᠪᠦᠭᠡᠨ ᠬᠢᠲᠠᠳ ᠵᠣᠭᠰᠣᠵᠤ ᠪᠠᠢᠭᠰᠠᠨ ᠢ᠋ ᠨᠢᠭᠡ ᠯᠠᠮᠠ᠂
— ᠬᠤᠵᠠ᠂ ᠴᠢ ᠶᠠᠭᠤᠨ ᠳ᠋ᠤ᠌ ᠡᠨᠳᠡ ᠣᠯᠠᠨ ᠤ᠋ ᠳᠤᠮᠳᠠ ᠴᠢᠬᠢᠯᠴᠡᠨ ᠵᠣᠭᠰᠣᠵᠤ ᠪᠠᠢᠭ᠎ᠠ ᠶᠤᠮ ᠪᠣᠢ? ᠲᠠᠨᠠᠷ (ᠲᠠ ᠨᠠᠷ) ᠳ᠋ᠠᠩᠵᠢᠶᠠᠳᠠ (ᠳᠠᠩᠵᠢᠶᠠᠳ) ᠨᠠᠷ ᠤ᠋ᠨ ᠲᠡᠷᠡ ᠬᠠᠩᠬᠠᠯᠵᠠᠵᠤ ᠶᠠᠪᠤᠭ᠎ᠠ ᠭᠠᠵᠠᠷ ᠣᠴᠢᠭᠠᠳ ᠵᠣᠭᠰᠣᠬᠤ ᠦᠭᠡᠢ ᠶᠠᠭᠠᠬᠢᠭ᠎ᠠ ᠪᠣᠢ? ᠥᠨᠥᠳᠥᠷ ᠲᠠᠨᠠᠷ (ᠲᠠ ᠨᠠᠷ) ᠬᠢᠲᠠᠳ ᠤ᠋ᠨ ᠰᠡᠭᠦᠯ ᠢ᠋ᠶ᠋ᠡᠨ ᠳᠡᠭᠡᠭᠰᠢ ᠰᠡᠬᠦᠬᠦ ᠪᠠᠶᠠᠷ ᠤ᠋ᠨ ᠡᠳᠦᠷ ᠪᠢᠰᠢᠦ( ᠪᠢᠰᠢ ᠤᠤ)? ᠭᠡᠬᠦ ᠳ᠋ᠦ᠍ᠨᠢ( ᠳ᠋ᠦ᠍ ᠨᠢ)᠂ ᠲᠡᠷᠡ ᠡᠪᠦᠭᠡᠨ ᠬᠢᠲᠠᠳ ᠥᠭᠦᠯᠡᠷᠦᠨ᠂
— ᠲᠡᠷᠡ ᠪᠣᠯ ᠮᠠᠨᠠᠢ(ᠮᠠᠨ ᠤ᠋) ᠳ᠋ᠠᠩᠵᠢᠶᠠᠳᠠ (ᠳᠠᠩᠵᠢᠶᠠᠳ)᠂ ᠴᠡᠷᠢᠭ ᠦ᠋ᠨ ᠶᠡᠬᠡ ᠨᠣᠶᠠᠳ᠂ ᠲᠠᠨᠠᠢ (ᠲᠠᠨ ᠤ᠋) ᠮᠣᠩᠭᠣᠯ ᠤ᠋ᠨ ᠶᠡᠬᠡ ᠯᠠᠮᠠ ᠨᠣᠶᠠᠳ ᠤ᠋ᠨ ᠪᠠᠶᠠᠷ ᠤ᠋ᠨ ᠡᠳᠦᠷ ᠪᠣᠯᠬᠤ ᠠ᠋ᠴᠠ ᠪᠢᠰᠢ᠂ ᠨᠠᠳᠠ ᠳ᠋ᠤ᠌ ᠪᠠᠶᠠᠷᠯᠠᠬᠤ ᠪᠠᠶᠠᠷ ᠠᠯᠠᠭ᠎ᠠ᠃ ᠪᠢ ᠠᠵᠢᠯ ᠬᠢᠳᠡᠭ ᠬᠥᠮᠦᠨ᠂ ᠨᠣᠶᠠᠨ ᠳ᠋ᠠᠩᠵᠢᠶᠠᠳᠠ(ᠳᠠᠩᠵᠢᠶᠠᠳ) ᠪᠣᠯᠬᠤ ᠭᠡᠳᠡᠭ ᠬᠥᠮᠦᠨ ᠪᠢᠰᠢ ᠠ᠋ ᠭᠡᠬᠦ ᠳ᠋ᠦ᠍ᠨᠢ(ᠳ᠋ᠦ᠍ ᠨᠢ)᠂
— ᠡᠪᠦᠭᠡᠨ ᠯᠤᠤᠬᠠᠨ ᠲᠦᠮᠡᠨ ᠵᠦᠢ ᠲᠡᠢ ᠬᠡᠯᠡᠵᠡᠢ᠃ ᠴᠢ᠂ ᠱᠠᠯᠳᠠᠩ ᠪᠠᠨᠳᠢ᠂ ᠨᠠᠰᠤᠲᠠᠢ ᠬᠥᠮᠦᠨ ᠢ᠋ ᠪᠢᠲᠡᠭᠡᠢ ᠳᠣᠷᠣᠮᠵᠢᠯᠠ᠃ ᠲᠡᠢᠮᠦ ᠰᠦᠷᠡᠬᠡᠢ ᠵᠢᠷᠦᠬᠡ ᠲᠡᠢ ᠶᠦᠮ ᠪᠣᠯ ᠲᠡᠷᠡ ᠳ᠋ᠠᠩᠵᠢᠶᠠᠳᠠ(ᠳᠠᠩᠵᠢᠶᠠᠳ) ᠨᠠᠷ ᠲᠠᠢ ᠴᠡᠴᠡ ᠪᠡᠨ ᠪᠤᠯᠢᠶᠠᠯᠴᠠᠯᠳᠤᠬᠤ ᠦᠭᠡᠢ ᠤᠤ ᠭᠡᠵᠦ ᠲᠡᠷᠡ ᠪᠠᠨᠳᠢ ᠶ᠋ᠢ ᠤᠷᠲᠤ ᠪᠤᠭᠤᠷᠤᠯ ᠰᠠᠬᠠᠯ ᠲᠠᠢ ᠨᠢᠭᠡᠨ ᠡᠪᠦᠭᠡᠨ ᠪᠤᠷᠤᠭᠤᠰᠢᠶᠠᠨ ᠥᠭᠦᠯᠡᠪᠡ᠃ ᠥᠨᠥᠬᠢ ᠪᠠᠨᠳᠢ ᠲᠡᠷᠡ ᠡᠪᠦᠭᠡᠨ ᠦ᠌ ᠥᠭᠡᠳᠡ ᠡᠴᠡ ᠦᠭᠡ ᠬᠡᠯᠡᠬᠦ ᠶ᠋ᠢ ᠵᠠᠪᠳᠤᠲᠠᠯ᠎ᠠ ᠬᠥᠳᠡᠭᠡ ᠶ᠋ᠢᠨ ᠨᠢᠭᠡᠨ ᠬᠦᠳᠡᠷ ᠴᠢᠬᠢᠷᠡᠭ ᠡᠷ᠎ᠡ ᠲᠡᠷᠡ ᠡᠪᠦᠭᠡᠨ ᠢ᠋ ᠳᠠᠭᠠᠵᠤ ᠶᠠᠪᠤᠭ᠎ᠠ ᠶ᠋ᠢ ᠦᠵᠡᠭᠡᠳ᠂ ᠦᠭᠡ ᠳᠠᠭᠤᠨ ᠦᠭᠡᠢ ᠣᠯᠠᠨ ᠤ᠋ ᠳᠤᠮᠳᠠ ᠰᠢᠷᠭᠤᠨ ᠵᠠᠢᠯᠠᠪᠠ᠃
— ᠬᠠᠷᠠᠭᠠᠴᠢ᠂ ᠲᠠ ᠮᠢᠨᠢ᠂ ᠡᠨᠡ ᠶᠡᠬᠡ ᠬᠠᠭᠠᠯᠭᠠᠨ ᠳᠡᠭᠡᠷ᠎ᠡ ᠶᠠᠭᠤ ᠨᠠᠪᠲᠠᠢᠯᠭᠠᠨ ᠡᠯᠭᠦᠵᠦ ᠣᠷᠬᠢᠪᠠ? ᠮᠠᠨᠠᠢ (ᠮᠠᠨ ᠤ᠋) ᠪᠣᠭᠳᠠ ᠬᠠᠭᠠᠨ᠂ ᠡᠳᠡᠨ ᠦ᠌ ᠪᠤᠵᠠᠷ ᠳᠠᠯᠪᠠᠭᠠᠨ ᠤ᠋ ᠳᠣᠣᠭᠤᠷ ᠰᠢᠷᠭᠤᠬᠤ ᠨᠢ ᠤᠤ? ᠬᠥᠮᠦᠨ ᠦ᠌ ᠲᠣᠯᠣᠭᠠᠢ ᠳᠡᠭᠡᠭᠦᠷ ᠪᠤᠵᠠᠷ ᠨᠠᠪᠲᠠᠰᠤ ᠪᠠᠨ ᠡᠯᠭᠦᠳᠡᠭ ᠡᠨᠡ ᠭᠠᠮᠢᠩ ᠤ᠋ᠨ ᠳᠠᠯᠪᠠᠭ᠎ᠠ ᠶ᠋ᠢ ᠨᠢ ᠲᠠᠰᠤᠳᠠᠵᠤ ᠬᠠᠶᠠᠬᠤ ᠶᠤᠮᠰᠠᠨ ᠭᠡᠵᠦ ᠨᠢᠭᠡ ᠡᠮᠡᠭᠡᠨ ᠦ᠌ ᠬᠣᠷᠣᠰᠤᠨ ᠳᠤᠤᠭᠠᠷᠬᠤ ᠳ᠋ᠤ᠌᠂
— ᠲᠠᠰᠤᠳᠠᠭᠠᠳ ᠬᠠᠶᠠᠨ᠎ᠠ ᠳᠠ ᠡᠮᠡᠭᠡ! ᠣᠯᠠᠨ ᠤ᠋ ᠪᠤᠬᠢᠨᠢᠳᠤᠭᠠᠳ ᠦᠢᠮᠡᠭᠡᠳ ᠢᠷᠡᠬᠦ ᠳ᠋ᠦ᠍ ᠨᠢᠭᠡ ᠰᠠᠮᠪᠠᠭᠠᠨ ᠳ᠋ᠤᠨᠢ(ᠳ᠋ᠤ᠌ ᠨᠢ) ᠲᠠᠰᠤᠳᠠᠭᠠᠳ ᠬᠠᠶᠠᠴᠢᠨᠠ (ᠬᠠᠶᠠᠴᠢᠬᠠᠨ᠎ᠠ)ᠭᠡᠵᠦ ᠳᠠᠯᠠᠨ ᠨᠥᠬᠥᠭᠡᠰᠦ ᠪᠣᠯᠤᠭᠰᠠᠨ ᠤᠷᠠᠩᠬᠠᠢ ᠳᠡᠪᠡᠯ ᠲᠡᠢ ᠨᠢᠭᠡ ᠬᠦᠳᠡᠷ ᠬᠠᠷ᠎ᠠ ᠬᠥᠮᠦᠨ ᠳᠤᠤᠭᠠᠷᠪᠠ᠃
ᠲᠤᠤᠯᠠ ᠶ᠋ᠢᠨ ᠵᠦᠭ ᠡᠴᠡ ᠦᠬᠡᠷ ᠫᠤᠤ ᠶ᠋ᠢᠨ ᠬᠣᠯᠠᠬᠢ ᠳᠠᠭᠤᠨ ᠲᠦᠩ ᠬᠢᠵᠦ ᠰᠣᠨᠣᠰᠳᠠᠪᠠ᠃ ᠪᠠᠢᠰᠬᠢᠭᠠᠳ ᠬᠣᠶᠠᠳᠤᠭᠠᠷ ᠭᠤᠷᠪᠠᠳᠤᠭᠠᠷ ᠤᠳᠠᠭ᠎ᠠ ᠦᠬᠡᠷ ᠫᠤᠤ ᠶ᠋ᠢᠨ ᠳᠠᠭᠤᠨ ᠰᠣᠨᠣᠰᠳᠠᠭᠰᠠᠨ ᠨᠢ ᠲᠤᠤᠯᠠ ᠶ᠋ᠢᠨ ᠨᠣᠭᠣᠭᠠᠨ ᠣᠷᠳᠣᠨ ᠠ᠋ᠴᠠ ᠬᠠᠭᠠᠨ ᠵᠠᠷᠯᠠᠭᠰᠠᠨ ᠤ᠋ ᠲᠡᠮᠳᠡᠭ ᠠᠵᠢ᠃
ᠭᠤᠳᠤᠮᠵᠢᠯᠠᠨ ᠵᠢᠭᠰᠠᠭᠰᠠᠨ ᠬᠢᠲᠠᠳ ᠤ᠋ᠨ ᠴᠡᠷᠢᠭ ᠦ᠋ᠨ ᠵᠢᠭᠰᠠᠭᠠᠯ ᠳᠤᠮᠳᠠᠭᠤᠷ ᠠᠦ᠋ᠲ᠋ᠣ᠋ ᠴᠤᠪᠤᠵᠤ᠂ ᠶᠣᠰᠣᠯᠠᠯ ᠤ᠋ᠨ ᠬᠠᠭᠠᠯᠭᠠᠨ ᠤ᠋ ᠱᠥᠷᠭᠡ ᠶ᠋ᠢᠨ ᠲᠤᠰ ᠵᠣᠭᠰᠣᠪᠠ᠃ ᠪᠠᠷ᠎ᠠ ᠪᠣᠯᠤᠭᠴᠢ ᠨᠠᠷ ᠮᠠᠰᠢᠨ ᠠ᠋ᠴᠠ ᠶᠠᠭᠠᠷᠠᠨ ᠭᠠᠷᠴᠤ᠂ ᠭᠧᠨᠧᠷᠠᠯ ᠤ᠋ᠨ ᠲᠡᠷᠭᠡᠨ ᠦ᠌ ᠬᠠᠭᠠᠯᠭ᠎ᠠ ᠶ᠋ᠢ ᠨᠡᠭᠡᠭᠡᠵᠦ᠂ ᠬᠢᠲᠠᠳ ᠣᠹᠢᠼᠧᠷ ᠦ᠋ᠳ ᠴᠠᠭᠠᠨ ᠬᠤᠢ ᠲᠠᠢ ᠤᠷᠲᠤ ᠰᠡᠯᠡᠮ᠎ᠡ ᠶ᠋ᠢ ᠭᠠᠵᠠᠷ ᠴᠢᠷᠦᠨ ᠴᠤᠪᠤᠵᠤ᠂ ᠠᠦ᠋ᠲ᠋ᠣ᠋ ᠪᠠᠷ ᠠᠪᠴᠢᠷᠠᠭᠰᠠᠨ᠂ ᠲᠣᠷᠭ᠎ᠠ ᠪᠠᠷ ᠣᠷᠢᠶᠠᠨ ᠴᠢᠮᠡᠭᠰᠡᠨ ᠳᠠᠮᠨᠠᠭᠤᠷᠭ᠎ᠠ ᠳᠡᠭᠡᠷ᠎ᠡ ᠶᠡᠷᠦᠩᠬᠡᠢᠯᠡᠭᠴᠢ ᠶ᠋ᠢᠨ ᠲᠣᠮᠣ ᠵᠢᠷᠤᠭ ᠵᠠᠯᠠᠭᠠᠳ᠂ ᠭᠠᠤᠯᠢᠨ ᠪᠦᠷᠢᠶ᠎ᠡ ᠦᠯᠢᠶᠡᠬᠦ᠂ ᠬᠡᠩᠭᠡᠷᠭᠡ ᠴᠣᠬᠢᠬᠤ ᠶᠡᠬᠡ ᠳᠠᠭᠤᠨ ᠱᠤᠭᠤᠨ ᠪᠣᠯᠵᠤ᠂ ᠳᠠᠮᠨᠠᠭᠤᠷᠭ᠎ᠠ ᠶ᠋ᠢ ᠳᠠᠮᠨᠠᠨ ᠶᠡᠬᠡ ᠬᠠᠭᠠᠯᠭᠠᠨ ᠤ᠋ ᠵᠦᠭ ᠲᠠᠪᠰᠢᠨ ᠠᠯᠬᠤᠯᠠᠪᠠ᠃ ᠶᠣᠰᠣᠯᠠᠯ ᠢ᠋ ᠤᠳᠤᠷᠢᠳᠬᠤ ᠲᠦᠰᠢᠮᠡᠯ ᠦ᠋ᠨ ᠳᠣᠬᠢᠶ᠎ᠠ ᠥᠭᠭᠦᠮᠡᠭᠴᠡ᠂ ᠶᠡᠬᠡ ᠬᠠᠭᠠᠯᠭᠠᠨ ᠤ᠋ ᠬᠣᠶᠠᠷ ᠡᠲᠡᠭᠡᠳ ᠵᠢᠭᠰᠠᠭᠰᠠᠨ ᠣᠯᠠᠨ ᠸᠠᠩ ᠬᠦᠩ᠂ ᠶᠡᠬᠡᠰ ᠯᠠᠮᠠ ᠨᠠᠷ᠂ ᠮᠣᠩᠭᠣᠯ ᠲᠦᠰᠢᠮᠡᠯ ᠰᠢᠭᠤᠪᠠᠩ᠂ ᠰᠢᠦᠢ ᠵᠠᠩᠵᠤᠨ ᠤ᠋ ᠶᠡᠷᠦᠩᠬᠡᠢᠯᠡᠭᠴᠢ ᠶ᠋ᠢᠨ ᠵᠢᠷᠤᠭ ᠳᠠᠮᠨᠠᠭᠰᠠᠨ ᠬᠢᠲᠠᠳ ᠴᠡᠷᠢᠭ ᠦ᠋ᠨ ᠳᠠᠷᠤᠭ᠎ᠠ ᠨᠠᠷ ᠤ᠋ᠨ ᠬᠠᠮᠲᠤ ᠥᠩᠭᠡᠷᠡᠬᠦ ᠳ᠋ᠦ᠍ ᠰᠥᠭᠥᠳᠴᠦ ᠬᠢᠴᠢᠶᠡᠩᠭᠦᠢᠯᠡᠨ ᠮᠥᠷᠭᠥᠪᠡ᠃
ᠡᠮᠦᠨ᠎ᠡ ᠵᠦᠭ ᠡᠴᠡ ᠬᠠᠭᠠᠨ ᠤ᠋ ᠲᠥᠷᠥ ᠶ᠋ᠢᠨ ᠵᠢᠭᠰᠠᠭᠠᠯ ᠠᠢᠰᠤᠵᠤ᠂ ᠪᠠᠢᠳᠠᠯ ᠢ᠋ ᠦᠵᠡᠪᠡᠯ᠂ ᠡᠨᠡ ᠤᠳᠠᠭ᠎ᠠ ᠬᠠᠭᠠᠨ ᠤ᠋ ᠵᠢᠭᠰᠠᠭᠠᠯ ᠢ᠋ ᠬᠡᠷᠡᠭᠯᠡᠭᠰᠡᠨ ᠦᠭᠡᠢ ᠵᠢᠪᠽᠥ᠋ᠨᠳᠠᠮᠪᠠ ᠬᠤᠲᠤᠭᠲᠤ ᠶ᠋ᠢᠨ ᠲᠥᠷᠥ ᠶ᠋ᠢᠨ ᠵᠢᠭᠰᠠᠭᠠᠯ ᠢ᠋ᠶ᠋ᠠᠷ ᠢᠷᠡᠵᠡᠢ᠃
ᠲᠡᠷᠡ ᠦᠶ᠎ᠡ ᠶ᠋ᠢᠨ ᠥᠪᠡᠷᠲᠡᠭᠡᠨ ᠵᠠᠰᠠᠬᠤ ᠮᠣᠩᠭᠣᠯ ᠤᠯᠤᠰ ᠤ᠋ᠨ ᠬᠠᠤᠯᠢ ᠵᠦᠢᠯ ᠦ᠋ᠨ ᠪᠢᠴᠢᠭ ᠲᠦ᠍ ᠬᠠᠭᠠᠨ᠂ ᠡᠬᠡ ᠳᠠᠭᠢᠨᠢ᠂ ᠬᠠᠨ ᠸᠠᠩ ᠪᠡᠢᠯᠡ ᠪᠠᠢᠰᠠ ᠬᠦᠩ ᠰᠠᠢᠳ ᠳᠡᠭᠡᠳᠦᠰ ᠯᠠᠮᠠ ᠨᠠᠷ ᠤ᠋ᠨ ᠶᠠᠪᠤᠬᠤ ᠵᠣᠷᠴᠢᠬᠤ ᠳ᠋ᠤ᠌ ᠬᠡᠷᠡᠭᠯᠡᠬᠦ ᠰᠡᠦᠬᠡ ᠲᠡᠷᠭᠡ᠂ ᠪᠠᠷᠢᠵᠤ ᠶᠠᠪᠤᠬᠤ ᠲᠤᠭ ᠲᠡᠮᠳᠡᠭ᠂ ᠤᠨᠤᠬᠤ ᠮᠣᠷᠢᠨ ᠤ᠋ ᠵᠢᠯᠣᠭᠣ ᠮᠣᠯᠴᠣᠭ᠂ ᠳᠠᠭᠠᠯᠳᠤᠬᠤ ᠬᠥᠮᠦᠨ ᠦ᠌ ᠬᠣᠢᠨ᠎ᠠ ᠤᠷᠢᠲᠠᠨ ᠶᠠᠪᠤᠬᠤ ᠶ᠋ᠢ ᠮᠠᠰᠢ ᠴᠢᠬᠤᠯᠠ ᠵᠦᠢᠯ ᠪᠣᠯᠭᠠᠵᠤ ᠨᠢᠭᠡᠨ ᠳ᠋ᠦ᠍ ᠨᠢᠭᠡ ᠦᠭᠡᠢ ᠲᠣᠳᠣᠷᠬᠠᠢᠯᠠᠭᠰᠠᠨ ᠬᠠᠤᠯᠢ ᠶᠣᠰᠣ ᠪᠠᠷ ᠪᠣᠭᠳᠠ ᠶ᠋ᠢᠨ ᠠᠯᠲᠠᠨ ᠵᠢᠩᠰᠡᠲᠦ ᠰᠡᠦᠬᠡ ᠲᠡᠷᠭᠡᠨ ᠦ᠌ ᠬᠣᠢᠨ᠎ᠠ ᠠ᠋ᠴᠠ ᠤᠯᠤᠰ ᠤ᠋ᠨ ᠡᠬᠡ ᠳᠠᠭᠢᠨᠢ ᠶ᠋ᠢᠨ ᠰᠡᠦᠬᠡ᠂ ᠵᠣᠬᠢᠬᠤ ᠲᠣᠭᠠᠨ ᠤ᠋ ᠪᠠᠷ᠎ᠠ ᠪᠣᠯᠤᠭᠴᠢᠳ ᠤ᠋ᠨ ᠬᠠᠮᠲᠤ ᠶᠠᠪᠤᠵᠠᠢ᠃ ᠵᠢᠪᠽᠥ᠋ᠨᠳᠠᠮᠪᠠ ᠬᠤᠲᠤᠭᠲᠤ ᠶ᠋ᠢᠨ ᠲᠥᠷᠥ ᠶ᠋ᠢᠨ ᠶᠡᠬᠡ ᠵᠢᠭᠰᠠᠭᠠᠯ ᠢ᠋ ᠳᠠᠭᠠᠯᠳᠤᠵᠤ ᠶᠠᠪᠤᠭᠰᠠᠨ ᠬᠠᠭᠠᠨ ᠤ᠋ ᠲᠣᠷᠭᠠᠨ ᠴᠡᠷᠢᠭ ᠨᠢ ᠬᠦᠷᠢᠶᠡᠨ ᠦ᠌ ᠭᠣᠣᠯ ᠤ᠋ᠨ ᠬᠥᠷᠲᠦᠨᠡ ᠬᠦᠷᠦᠭᠡᠳ᠂ ᠮᠣᠩᠭᠣᠯ ᠴᠡᠷᠢᠭ ᠦ᠋ᠨ ᠵᠢᠭᠰᠠᠭᠠᠯ ᠵᠣᠭᠰᠣᠵᠤ ᠪᠠᠢᠭᠰᠠᠨ ᠭᠠᠵᠠᠷ ᠬᠣᠴᠣᠷᠤᠨ ᠦᠯᠡᠳᠡᠪᠡ᠃
ᠶᠣᠰᠣᠯᠠᠯ ᠤ᠋ᠨ ᠬᠠᠭᠠᠯᠭᠠᠨ᠎ᠠ ᠬᠦᠷᠦᠭᠡᠳ ᠬᠠᠭᠠᠨ᠂ ᠰᠡᠦᠬᠡᠨ ᠡᠴᠡ ᠪᠡᠨ ᠮᠠᠰᠢ ᠨᠦᠰᠡᠷ ᠪᠠᠢᠳᠠᠯ ᠲᠠᠢ ᠪᠠᠭᠤᠵᠤ᠂ ᠳᠡᠷᠭᠡᠳᠡ ᠨᠢ ᠬᠣᠶᠠᠷ ᠯᠠᠮᠠ ᠨᠢᠳᠦ ᠪᠠᠯᠠᠢ ᠬᠠᠭᠠᠨ ᠢ᠋ ᠲᠦᠰᠢᠨ ᠰᠢᠷ᠎ᠠ ᠣᠷᠳᠣᠨ ᠤ᠋ ᠬᠠᠰᠢᠶᠠᠨ ᠤ᠋ ᠬᠠᠭᠠᠯᠭᠠᠨ ᠤ᠋ ᠵᠦᠭ ᠠᠪᠴᠤ ᠣᠳᠪᠠ᠃ ᠬᠣᠢᠨ᠎ᠠ ᠠ᠋ᠴᠠ ᠨᠢ ᠬᠠᠲᠤᠨ ᠳᠠᠭᠠᠵᠤ᠂ ᠶᠡᠬᠡ ᠬᠠᠭᠠᠯᠭᠠᠨ ᠤ᠋ ᠲᠤᠰ ᠬᠦᠷᠦᠭᠡᠳ ᠪᠣᠭᠳᠠ ᠶ᠋ᠢ ᠲᠦᠰᠢᠵᠦ ᠶᠠᠪᠤᠭᠰᠠᠨ ᠯᠠᠮᠠ ᠨᠠᠷ ᠪᠣᠭᠳᠠ ᠶ᠋ᠢᠨ ᠬᠠᠮᠲᠤ ᠬᠠᠵᠠᠭᠤ ᠲᠡᠢᠰᠢ ᠭᠠᠷᠴᠤ᠂ ᠪᠠᠭ᠎ᠠ ᠬᠠᠭᠠᠯᠭ᠎ᠠ ᠪᠠᠷ ᠬᠠᠭᠠᠨ ᠢ᠋ ᠣᠷᠣᠭᠤᠯᠪᠠ᠃
ᠲᠡᠷᠡ ᠴᠠᠭ ᠤ᠋ᠨ ᠬᠥᠮᠦᠨ ᠢ᠋ ᠦᠵᠡᠬᠦ ᠳ᠋ᠦ᠍᠂ ᠬᠢᠲᠠᠳ ᠭᠧᠨᠧᠷᠠᠯ ᠰᠦᠷ ᠪᠠᠳᠠᠷᠠᠭᠤᠯᠵᠤ ᠮᠠᠰᠢ ᠶᠡᠬᠡᠷᠬᠡᠭ ᠳᠦᠷᠢᠮ ᠦᠵᠡᠭᠦᠯᠦᠨ᠂ ᠭᠣᠣᠯ ᠶᠡᠬᠡ ᠬᠠᠭᠠᠯᠭ᠎ᠠ ᠪᠠᠷ ᠣᠷᠣᠭᠠᠳ᠂ ᠲᠥᠷᠥ ᠶ᠋ᠢᠨ ᠡᠵᠡᠨ ᠰᠢᠷ᠎ᠠ ᠶ᠋ᠢᠨ ᠱᠠᠰᠢᠨ ᠢ᠋ ᠪᠠᠷᠢᠭᠴᠢ ᠪᠣᠭᠳᠠ ᠬᠠᠭᠠᠨ᠂ ᠳᠣᠩᠪᠣ ᠲᠠᠢ ᠴᠠᠢ ᠮᠠᠩᠵᠠ ᠡᠭᠦᠷᠳᠡᠭ ᠠᠳᠠᠭ ᠤ᠋ᠨ ᠮᠠᠭᠤ ᠪᠠᠨᠳᠢ ᠰᠢᠭ᠋ ᠪᠠᠭ᠎ᠠ ᠬᠠᠭᠠᠯᠭ᠎ᠠ ᠪᠠᠷ ᠰᠢᠷᠭᠤᠨ ᠣᠷᠣᠭᠰᠠᠨ ᠨᠢ ᠳᠣᠷᠣᠮᠵᠢᠯᠠᠭᠤᠯᠬᠤ ᠶ᠋ᠢᠨ ᠲᠤᠢᠯ ᠠᠵᠤᠭᠤ᠃
ᠰᠢᠷ᠎ᠠ ᠣᠷᠳᠣᠨ ᠤ᠋ ᠴᠠᠯᠠᠢᠲᠠᠯ᠎ᠠ ᠨᠡᠭᠡᠭᠡᠭᠰᠡᠨ ᠬᠠᠭᠠᠯᠭ᠎ᠠ ᠪᠠᠷ ᠦᠵᠡᠪᠡᠯ᠂ ᠶᠡᠷᠦᠩᠬᠡᠢᠯᠡᠭᠴᠢ ᠶ᠋ᠢᠨ ᠵᠢᠷᠤᠭ ᠢ᠋ ᠤᠷᠤᠭᠰᠢ ᠬᠠᠨᠳᠤᠭᠤᠯᠤᠨ ᠭᠣᠣᠯ ᠳ᠋ᠤ᠌ ᠨᠢ ᠦᠷᠦᠵᠢ᠃ ᠬᠠᠭᠠᠨ ᠲᠡᠷᠡ ᠵᠢᠷᠤᠭ ᠤ᠋ᠨ ᠡᠮᠦᠨ᠎ᠡ ᠬᠦᠷᠴᠦ ᠣᠴᠢᠭᠠᠳ ᠶᠣᠰᠣᠯᠠᠯ ᠢ᠋ ᠤᠳᠤᠷᠢᠳᠤᠭᠴᠢ ᠰᠢᠦᠢ ᠨᠣᠶᠠᠨ ᠤ᠋ ᠲᠤᠰᠢᠶᠠᠯ ᠢ᠋ᠶ᠋ᠠᠷ ᠮᠡᠬᠦᠢᠰᠬᠢᠨ ᠶᠣᠰᠣᠯᠠᠪᠠ᠃ ᠮᠥᠨ ᠦᠶ᠎ᠡ ᠳ᠋ᠦ᠍ ᠳᠡᠭᠡᠳᠦ ᠯᠠᠮᠠ ᠨᠠᠷ᠂ ᠣᠯᠠᠨ ᠸᠠᠩ ᠬᠦᠩ᠂ ᠬᠢᠲᠠᠳ ᠤ᠋ᠨ ᠴᠡᠷᠢᠭ ᠦ᠋ᠨ ᠳᠠᠷᠤᠭ᠎ᠠ ᠨᠠᠷ ᠤ᠋ᠨ ᠲᠤᠰᠢᠶᠠᠯ ᠢ᠋ᠶ᠋ᠠᠷ ᠨᠢᠭᠡᠨ ᠵᠡᠷᠭᠡ ᠰᠥᠭᠥᠳᠴᠦ ᠭᠤᠷᠪᠠᠨᠲᠠ ᠮᠥᠷᠭᠥᠪᠡ᠃ ᠰᠢᠷ᠎ᠠ ᠤᠷᠳᠤᠨᠡ ᠪᠣᠭᠳᠠ ᠬᠠᠭᠠᠨ ᠭᠧᠨᠧᠷᠠᠯ ᠤ᠋ᠨ ᠲᠤᠰᠢᠶᠠᠯ ᠢ᠋ᠶ᠋ᠠᠷ ᠲᠣᠯᠣᠭᠠᠢ ᠶ᠋ᠢ ᠭᠤᠷᠪᠠᠨᠲᠠ ᠳᠣᠬᠢᠨ ᠮᠡᠬᠦᠢᠰᠬᠢᠵᠦ᠂ ᠨᠢᠳᠦ ᠪᠠᠯᠠᠢ ᠬᠠᠷᠠᠬᠤ ᠦᠭᠡᠢ ᠪᠣᠯᠪᠠᠴᠤ ᠶᠡᠷᠦᠩᠬᠡᠢᠯᠡᠭᠴᠢ ᠶ᠋ᠢᠨ ᠵᠢᠷᠤᠭ ᠤ᠋ᠨ ᠡᠮᠦᠨ᠎ᠡ ᠶᠣᠰᠣᠯᠠᠭᠰᠠᠨ ᠳ᠋ᠤ᠌᠂ ᠭᠠᠳᠠᠨ᠎ᠠ ᠶᠣᠰᠣᠯᠠᠯ ᠤ᠋ᠨ ᠭᠣᠶᠣ ᠬᠤᠪᠴᠠᠰᠤ ᠲᠠᠢ ᠶᠡᠬᠡᠰ ᠯᠠᠮᠠ ᠨᠠᠷ᠂ ᠣᠯᠠᠨ ᠸᠠᠩ ᠬᠦᠩ ᠨᠢᠭᠡᠨ ᠵᠡᠷᠭᠡ ᠭᠤᠷᠪᠠᠨᠲᠠ ᠰᠥᠭᠥᠳᠴᠦ᠂ ᠶᠢᠰᠦᠨᠲᠡ ᠮᠥᠷᠭᠥᠭᠰᠡᠨ ᠪᠢᠯᠡ᠃ ᠬᠤᠲᠤᠭᠲᠤ ᠶ᠋ᠢ ᠲᠣᠯᠣᠭᠠᠢ ᠳᠣᠬᠢᠨ ᠮᠡᠬᠦᠢᠰᠬᠢᠬᠦ ᠳᠣᠳᠣᠮ ᠬᠢᠲᠠᠳ ᠶᠡᠬᠡ ᠫᠤᠤ ᠨᠢᠵᠢᠭᠢᠨᠡᠨ᠂ ᠶᠣᠰᠣᠯᠠᠯ ᠭᠦᠢᠴᠡᠳᠬᠡᠵᠦ ᠫᠤᠤᠳᠠᠪᠠ᠃ ᠴᠢᠩᠭᠢᠭᠡᠳ ᠰᠢᠦᠢ ᠵᠠᠩᠵᠤᠨ᠂ ᠬᠠᠭᠠᠨ ᠳ᠋ᠤ᠌ ᠳᠥᠷᠪᠡᠯᠵᠢᠨ ᠬᠡᠯᠪᠡᠷᠢ ᠲᠡᠢ ᠲᠣᠮᠣ ᠠᠯᠲᠠᠨ ᠲᠠᠮᠠᠭ᠎ᠠ᠂ ᠶᠡᠷᠦᠩᠬᠡᠢᠯᠡᠭᠴᠢ ᠶ᠋ᠢᠨ ᠪᠣᠭᠳᠠ ᠳ᠋ᠤ᠌ ᠱᠠᠩᠨᠠᠭᠰᠠᠨ ᠡᠷᠭᠦᠮᠵᠢᠯᠡᠯ ᠢ᠋ ᠪᠠᠷᠢᠭᠤᠯᠪᠠ᠃ ᠲᠠᠮᠠᠭ᠎ᠠ ᠶ᠋ᠢᠨ ᠬᠢᠲᠠᠳ ᠮᠣᠩᠭᠣᠯ ᠦᠭᠡ ᠨᠢ᠄《ᠭᠠᠳᠠᠭᠠᠳᠤ ᠮᠣᠩᠭᠣᠯ ᠤ᠋ᠨ ᠰᠠᠢᠨ ᠢ᠋ ᠵᠥᠪᠰᠢᠶᠡᠨ ᠰᠣᠶᠣᠯ ᠢ᠋ ᠲᠤᠰᠠᠯᠠᠭᠴᠢ ᠪᠣᠭᠳᠠ ᠵᠢᠪᠽᠦᠢ᠍ᠨᠳᠠᠮᠪᠠ ᠬᠤᠲᠤᠭᠲᠤ ᠬᠠᠭᠠᠨ》 ᠭᠡᠵᠡᠢ᠃ ᠲᠦᠷᠢᠮᠡᠬᠡᠢᠯᠡᠨ ᠡᠵᠡᠯᠡᠭᠰᠡᠨ ᠤᠯᠤᠰ ᠤ᠋ᠨ ᠪᠦᠷᠢᠨ ᠡᠵᠡᠨ ᠨᠢ᠂ ᠲᠡᠷᠡ ᠡᠳᠦᠷ ᠪᠣᠯᠤᠭᠰᠠᠨ ᠬᠢᠲᠠᠳ ᠭᠧᠨᠧᠷᠠᠯ ᠤ᠋ᠨ ᠭᠠᠷ ᠠ᠋ᠴᠠ ᠬᠠᠭᠠᠨ ᠤ᠋ ᠳᠠᠷᠠᠭ᠎ᠠ ᠪᠠᠷ ᠤᠯᠤᠰ ᠤ᠋ᠨ ᠡᠬᠡ ᠳᠠᠭᠢᠨᠢ᠂ ᠶᠡᠷᠦᠩᠬᠡᠢᠯᠡᠭᠴᠢ ᠶ᠋ᠢᠨ ᠡᠷᠭᠦᠮᠵᠢᠯᠡᠯ ᠢ᠋ ᠠᠪᠤᠭᠰᠠᠨ ᠨᠢ᠄《ᠡᠷᠳᠡᠨᠢ ᠰᠡᠴᠡᠨ᠂ ᠱᠠᠰᠢᠨ ᠢ᠋ ᠥᠷᠨᠢᠭᠦᠯᠦᠭᠴᠢ᠂ ᠴᠢᠩ ᠦᠨᠡᠨ ᠰᠦᠰᠦᠭᠲᠦ ᠲᠤᠰᠠ ᠠᠴᠢᠯᠠᠯᠲᠤ ᠲᠤᠩᠭᠠᠯᠠᠭ ᠴᠢᠨᠳᠠᠮᠠᠨᠢ ᠳᠠᠯᠠᠢ᠂ ᠳᠠᠢᠴᠢᠨ ᠢᠯᠠᠭᠤᠭᠰᠠᠨ ᠳᠠᠭᠢᠨᠢ᠂ ᠡᠷᠬᠡ ᠴᠠᠭᠠᠨ ᠳᠠᠷᠢ ᠨᠣᠶᠠᠨ᠂ ᠠᠢᠯᠠᠳᠤᠯ ᠡᠨᠡᠷᠢᠯ ᠦ᠋ᠨ ᠡᠵᠡᠨ᠂ ᠭᠤᠷᠪᠠᠨ ᠣᠷᠣᠨ ᠤ᠋ ᠳᠠᠭᠢᠨᠢᠰ ᠤ᠋ᠨ ᠡᠷᠬᠢᠮ》 ᠭᠡᠬᠦ ᠰᠦᠷ ᠪᠠᠳᠠᠷᠠᠩᠭᠤᠢ ᠴᠣᠯᠠ ᠭᠤᠸᠠᠩᠰᠢᠨ ᠢ᠋ᠶ᠋ᠠᠨ《ᠲᠣᠳᠣᠷᠬᠠᠢ ᠴᠢᠳᠠᠯ ᠲᠠᠢ᠂ ᠴᠡᠪᠡᠷ ᠮᠠᠨᠳᠠᠯ᠂ ᠡᠷᠳᠡᠨᠢ ᠰᠡᠴᠡᠨ ᠭᠡᠭᠡᠨ ᠡᠬᠡ》 ᠭᠡᠳᠡᠭ ᠪᠠᠬᠠᠨ ᠡᠭᠡᠯ ᠵᠢᠷ ᠦ᠋ᠨ ᠶᠢᠷᠲᠢᠨᠴᠦ ᠶ᠋ᠢᠨ ᠴᠣᠯᠠ ᠲᠠᠢ ᠪᠣᠯᠤᠭᠰᠠᠨ ᠪᠣᠯᠪᠠᠴᠤ《ᠡᠷᠳᠡᠨᠢ ᠰᠡᠴᠡᠨ᠂ ᠭᠡᠭᠡᠬᠡᠨ ᠡᠬᠡ》 ᠶ᠋ᠢᠨ ᠵᠢᠯ ᠳᠣᠳᠣᠮ ᠠᠪᠬᠤ ᠬᠦᠨᠡᠰᠦᠨ ᠦ᠌ ᠬᠡᠷᠡᠭᠯᠡᠯ ᠮᠥᠩᠭᠥ ᠨᠢ ᠤᠯᠤᠰ ᠤ᠋ᠨ ᠡᠬᠡ ᠪᠠᠢᠬᠤ ᠦᠶ᠎ᠡ ᠡᠴᠡ ᠶᠡᠬᠡ ᠪᠣᠯᠤᠭᠰᠠᠨ ᠢ᠋ᠶ᠋ᠠᠷ ᠴᠣᠯᠠ ᠶ᠋ᠢᠨ ᠪᠠᠭ᠎ᠠ ᠶ᠋ᠢ ᠴᠠᠭᠠᠨ ᠮᠥᠩᠭᠥ ᠪᠡᠷ ᠨᠥᠬᠥᠵᠡᠢ᠃
ᠬᠠᠭᠠᠨ᠂ ᠬᠠᠲᠤᠨ ᠬᠣᠶᠠᠷ ᠤ᠋ᠨ ᠰᠡᠭᠦᠯᠡᠷ ᠶᠡᠷᠦᠩᠬᠡᠢᠯᠡᠭᠴᠢ ᠶ᠋ᠢᠨ ᠱᠠᠩ ᠢ᠋ ᠪᠠᠰᠠ ᠥᠪᠡᠷᠲᠡᠭᠡᠨ ᠵᠠᠰᠠᠬᠤ ᠡᠷᠬᠡᠲᠦ ᠮᠣᠩᠭᠣᠯ ᠤᠯᠤᠰ ᠢ᠋ ᠰᠢᠦᠢ ᠵᠠᠩᠵᠤᠨ ᠤ᠋ ᠵᠠᠬᠢᠷᠬᠤ《ᠪᠠᠷᠠᠭᠤᠨ ᠬᠣᠢᠲᠤ ᠬᠢᠵᠠᠭᠠᠷ》 ᠪᠣᠯᠭᠠᠬᠤ《ᠶᠡᠬᠡ ᠦᠢᠯᠡᠰ ᠲᠦ᠍ ᠴᠢᠩ ᠰᠡᠳᠬᠢᠯ ᠢ᠋ᠶ᠋ᠡᠷ ᠬᠦᠴᠦᠨ ᠥᠭᠭᠦᠭᠰᠡᠨ》 ᠶᠡᠬᠡᠰ ᠯᠠᠮᠠ ᠨᠠᠷ᠂ ᠣᠯᠠᠨ ᠸᠠᠩ ᠬᠦᠩ ᠭᠥᠷᠳᠡᠵᠡᠭᠡᠪᠡ᠃ ᠶᠡᠷᠦᠩᠬᠡᠢ ᠰᠠᠢᠳ ᠠᠭᠰᠠᠨ(ᠪᠠᠢᠭᠰᠠᠨ) ᠪᠠᠳᠮᠠᠳᠣᠷᠵᠢ᠂ ᠶᠡᠬᠡ ᠱᠠᠪᠢ ᠶ᠋ᠢᠨ ᠡᠷᠳᠡᠨᠢ ᠱᠠᠩᠵᠠᠪ ᠲᠤᠰᠢᠶᠠᠯ ᠢ᠋ᠶ᠋ᠠᠨ ᠦᠯᠡᠳᠡᠭᠡᠨ᠂ ᠶᠡᠷᠦᠩᠬᠡᠢᠯᠡᠭᠴᠢ ᠡᠴᠡ ᠴᠢᠨ ᠸᠠᠩ ᠤ᠋ᠨ ᠵᠡᠷᠭᠡ᠂ ᠳᠠᠪᠬᠤᠷ ᠹᠦᠩᠯᠦ᠂ ᠬᠠᠭᠠᠨ ᠤ᠋ ᠳᠠᠷᠠᠭ᠎ᠠ ᠰᠠᠭᠤᠬᠤ ᠡᠷᠬᠡ ᠬᠦᠷᠲᠡᠪᠡ᠃ ᠰᠢᠦᠢ ᠭᠧᠨᠧᠷᠠᠯ᠂ ᠪᠠᠳᠮᠠᠳᠣᠷᠵᠢ ᠳ᠋ᠤ᠌ ᠶᠡᠷᠦᠩᠬᠡᠢᠯᠡᠭᠴᠢ ᠶ᠋ᠢᠨ ᠡᠷᠭᠦᠮᠵᠢᠯᠡᠯ ᠳ᠋ᠦ᠍ ᠨᠡᠮᠡᠷᠢ ᠬᠠᠨᠳᠢᠪ ᠪᠣᠯᠭᠠᠵᠤ ᠥᠪᠡᠷ ᠦ᠋ᠨ ᠪᠡᠶ᠎ᠡ ᠡᠴᠡ ᠪᠠᠰᠠ ᠶᠡᠬᠡ ᠱᠠᠪᠢ ᠶ᠋ᠢᠨ ᠡᠷᠳᠡᠨᠢ ᠱᠠᠩᠵᠠᠪ ᠲᠤ᠌ ᠠᠮᠧᠷᠢᠺᠠ ᠶ᠋ᠢᠨ ᠳ᠋ᠣᠣᠵᠢ ᠮᠠᠰᠢᠨ ᠨᠢᠭᠡ ᠶ᠋ᠢ ᠪᠡᠯᠡᠭᠯᠡᠪᠡ᠃ ᠰᠡᠴᠡᠨ ᠬᠠᠨ ᠨᠠᠸᠠᠩᠨᠠᠷᠠᠨ ᠵᠢᠯ ᠳᠣᠳᠣᠮ ᠬᠠᠨ ᠤ᠋ ᠳᠠᠪᠬᠤᠷ ᠹᠦᠩᠯᠦ᠂ ᠳᠠᠷᠬᠠᠨ ᠸᠠᠩ ᠫᠣᠩᠴᠣᠭᠴᠡᠷᠡᠩ᠂ ᠳᠠᠢᠴᠢᠨ ᠵᠣᠨᠤᠩ (ᠵᠢᠨᠦᠩ )ᠸᠠᠩ ᠴᠣᠭᠪᠠᠳᠠᠷᠠᠬᠤ᠂ ᠳᠠᠯᠠᠢ ᠴᠣᠢᠩᠬᠤᠷ ᠸᠠᠩ ᠴᠡᠳᠡᠨᠰᠤᠨᠤᠮ᠂ ᠴᠢᠨ ᠸᠠᠩ ᠯᠠᠮᠠ ᠳᠠᠰᠢᠳᠡᠨᠳᠡᠪ ᠵᠢᠯ ᠳᠣᠳᠣᠮ ᠴᠢᠨ ᠸᠠᠩ ᠤ᠋ᠨ ᠳᠠᠪᠬᠤᠷ ᠹᠦᠩᠯᠦ ᠬᠦᠷᠲᠡᠵᠦ᠂ ᠪᠤᠰᠤᠳ ᠯᠠᠮᠠ ᠨᠣᠶᠠᠳ ᠨᠢᠵᠢᠭᠡᠳ(ᠨᠢᠵᠡᠭᠡᠳ) ᠵᠡᠷᠭᠡ ᠳᠡᠪᠰᠢᠭᠰᠡᠨ ᠨᠢ᠂ ᠹᠦᠩᠯᠦ ᠨᠢ ᠠᠷᠠᠳ ᠤ᠋ᠨ ᠬᠦᠵᠦᠭᠦᠨ ᠳᠡᠭᠡᠷ᠎ᠡ ᠲᠣᠬᠣᠭᠳᠠᠵᠠᠢ᠃ ᠲᠡᠢᠨᠬᠦ (ᠲᠡᠢᠨ ᠬᠦ᠌ )ᠰᠢᠷ᠎ᠠ ᠬᠠᠷ᠎ᠠ ᠹᠧᠣᠳᠠᠯ ᠤ᠋ᠳ᠂ ᠤᠯᠤᠰ ᠢ᠋ ᠰᠠᠯᠭᠠᠬᠤ ᠨᠡᠢᠯᠡᠭᠦᠯᠬᠦ ᠬᠣᠶᠠᠷ ᠢ᠋ᠶ᠋ᠠᠷ ᠶᠢᠰᠦᠨ ᠵᠢᠯ ᠦ᠋ᠨ ᠳᠣᠲᠣᠷ᠎ᠠ ᠬᠣᠶᠠᠷ ᠳᠠᠬᠢᠨ ᠵᠠᠪᠰᠢᠵᠤ᠂ ᠡᠴᠦᠰ ᠦ᠋ᠨ ᠶᠠᠪᠤᠳᠠᠯ ᠳ᠋ᠤ᠌ ᠮᠣᠩᠭᠣᠯ ᠤᠯᠤᠰ ᠢ᠋ ᠳ᠋ᠤᠸᠠᠨ ᠴᠢ ᠿᠦᠢ ᠶ᠋ᠢᠨ ᠬᠠᠷᠭᠢᠰ ᠨᠠᠮ ᠤ᠋ᠨ ᠬᠢᠲᠠᠳ ᠴᠡᠷᠢᠭ ᠦ᠋ᠨ ᠡᠷᠬᠡᠲᠡᠨ ᠦ᠌ ᠬᠥᠯ ᠳᠣᠣᠷ᠎ᠠ ᠭᠢᠰᠬᠢᠭᠦᠯᠵᠡᠢ᠃
ᠳᠡᠭᠡᠳᠦ ᠯᠠᠮᠠ᠂ ᠣᠯᠠᠨ ᠸᠠᠩ ᠬᠦᠩ᠂ ᠲᠦᠰᠢᠮᠡᠯ᠂ ᠰᠢᠷ᠎ᠠ ᠣᠷᠳᠣᠨ ᠤ᠋ ᠡᠮᠦᠨ᠎ᠡ ᠬᠣᠶᠠᠷ ᠠᠩᠭᠢ ᠵᠢᠭᠰᠠᠵᠤ᠂ ᠬᠢᠲᠠᠳ ᠴᠡᠷᠢᠭ ᠦ᠋ᠨ ᠳᠠᠷᠤᠭ᠎ᠠ ᠨᠠᠷ ᠤ᠋ᠨ ᠭᠠᠷ ᠵᠠᠩᠭᠠᠬᠤ ᠳᠣᠬᠢᠶ᠎ᠠ ᠳᠠᠭᠠᠵᠤ᠂ ᠡᠷᠢᠶᠡᠨ ᠮᠡᠷᠢᠶᠡᠨ ᠬᠤᠪᠴᠠᠰᠤ ᠲᠠᠢ᠂ ᠨᠠᠭᠠᠲᠤᠭᠠᠢ ᠭᠡᠳᠡᠭ ᠬᠥᠬᠥᠯᠲᠡᠢ(ᠬᠡᠦᠬᠡᠯᠳᠡᠢ) ᠮᠡᠲᠦ ᠡᠭᠡᠯᠵᠢ ᠡᠭᠡᠯᠵᠢ ᠪᠡᠷ ᠣᠷᠣᠭᠰᠢ ᠳᠠᠪᠰᠢᠨ ᠰᠥᠭᠥᠳᠴᠦ ᠮᠥᠷᠭᠥᠨ ᠶᠣᠰᠣᠯᠠᠭᠠᠳ ᠬᠣᠢᠰᠢ ᠤᠬᠤᠷᠢᠵᠤ ᠪᠤᠰᠤᠳ ᠲᠠᠭᠠᠨ ᠵᠠᠮ ᠲᠠᠯᠪᠢᠬᠤ ᠵᠠᠪᠰᠠᠷ᠂ ᠠᠷᠠᠳ ᠣᠯᠠᠨ ᠶᠡᠬᠡ ᠫᠤᠤ ᠶ᠋ᠢᠨ ᠨᠢᠵᠢᠭᠢᠨᠡᠬᠦ᠂ ᠬᠢᠲᠠᠳ ᠪᠦᠷᠢᠶᠡᠴᠢᠨ ᠦ᠌ ᠪᠦᠷᠢᠶ᠎ᠡ ᠳᠤᠤᠭᠠᠷᠭᠠᠬᠤ ᠴᠢᠯᠥᠭᠡ ᠪᠡᠷ ᠣᠷᠳᠣᠨ ᠤ᠋ ᠶᠡᠬᠡ ᠬᠠᠭᠠᠯᠭ᠎ᠠ ᠰᠠᠮ ᠣᠢᠷᠠᠲᠤᠵᠤ᠂ ᠡᠷᠢᠶᠡᠨ ᠳᠠᠯᠪᠠᠭ᠎ᠠ ᠶ᠋ᠢ ᠲᠠᠰᠤ ᠲᠠᠲᠠᠭᠠᠳ ᠨᠢᠭᠡ ᠡᠰᠢ ᠶ᠋ᠢ ᠬᠤᠭᠤᠯᠤᠭᠰᠠᠨ ᠨᠢ ᠬᠢᠲᠠᠳ ᠤ᠋ᠨ ᠲᠦᠷᠢᠮᠡᠬᠡᠢᠯᠡᠨ ᠡᠵᠡᠯᠡᠭᠴᠢ ᠨᠠᠷ ᠬᠡᠷᠡᠭ ᠲᠡᠢᠮᠦ ᠪᠣᠯᠵᠤ᠂ ᠠᠷᠠᠳ ᠲᠦᠮᠡᠨ ᠲᠡᠳᠡᠨ ᠢ᠋ ᠬᠡᠷᠬᠢᠨ ᠦᠵᠡᠵᠦ ᠪᠠᠢᠭ᠎ᠠ ᠰᠡᠳᠬᠢᠯ ᠢ᠋ᠶ᠋ᠡᠨ ᠲᠡᠭᠡᠵᠦ ᠢᠯᠡᠷᠬᠡᠢᠯᠡᠬᠦ ᠶ᠋ᠢ ᠣᠭᠲᠣ ᠪᠣᠳᠣᠭᠰᠠᠨ ᠦᠭᠡᠢ ᠨᠢ ᠨᠡᠯᠢᠶᠡᠳ ᠢᠴᠡᠩᠭᠦᠷᠡᠨ(ᠢᠴᠢᠩᠭᠦᠷᠡᠨ) ᠰᠠᠨᠳᠤᠷᠴᠠᠢ᠃
ᠵᠠᠩᠵᠤᠨ ᠱᠲ᠋ᠠᠪ ᠤ᠋ᠨ ᠭᠠᠩᠭᠠᠩ ᠬᠢᠲᠠᠳ ᠣᠹᠢᠼᠧᠷ ᠦ᠋ᠳ᠂《ᠪᠠᠷᠠᠭᠤᠨ ᠬᠣᠢᠲᠤ ᠬᠢᠵᠠᠭᠠᠷ ᠢ᠋ ᠳᠠᠷᠤᠩᠭᠤᠢᠯᠠᠨ ᠵᠠᠬᠢᠷᠤᠭᠴᠢ》 ᠰᠢᠦᠢ ᠻᠧᠨᠧᠷᠡᠯ ᠴᠣ ᠲᠡᠷᠡ ᠬᠦ᠌ ᠰᠢᠷ᠎ᠠ ᠣᠷᠳᠣᠨ ᠤ᠋ ᠬᠠᠭᠠᠯᠭᠠᠨ ᠤ᠋ ᠳᠡᠭᠡᠷ᠎ᠡ ᠡᠷᠢᠶᠡᠨ ᠳᠠᠪᠠᠯᠭᠠᠨ ᠤ᠋ ᠤᠷᠠᠩᠬᠠᠢ ᠲᠠᠰᠤᠷᠬᠠᠢ ᠥᠭᠡᠳᠡᠰᠦ ᠤᠨᠵᠢᠵᠤ(ᠤᠨᠵᠢᠢᠵᠤ) ᠪᠠᠢᠭ᠎ᠠ ᠶ᠋ᠢ ᠨᠢᠳᠦ ᠬᠠᠯᠲᠤᠷᠢᠨ ᠣᠭᠲᠣ ᠠᠵᠢᠭᠰᠠᠨ ᠦᠭᠡᠢ ᠳᠦᠷᠢᠮ ᠦᠵᠡᠭᠦᠯᠵᠦ ᠥᠩᠭᠡᠷᠡᠭᠦᠯᠪᠡ᠃ ᠬᠢᠲᠠᠳ ᠴᠠᠭᠳᠠᠭ᠎ᠠ ᠨᠠᠷ ᠰᠠᠨᠳᠤᠷᠴᠤ ᠲᠡᠷᠡ ᠬᠠᠪᠢ ᠳ᠋ᠤ᠌ ᠴᠢᠬᠢᠯᠳᠦᠭᠰᠡᠨ ᠣᠯᠠᠨ ᠢ᠋ ᠬᠥᠭᠡᠭᠡᠵᠦ ᠵᠠᠢᠯᠠᠭᠤᠯᠤᠭᠠᠳ᠂ ᠣᠯᠠᠨ ᠤ᠋ ᠬᠥᠯ ᠳᠣᠣᠷ᠎ᠠ ᠵᠠᠳ(ᠵᠠᠳᠠ) ᠭᠢᠰᠬᠢᠭᠳᠡᠨ ᠰᠢᠷᠣᠢ ᠲᠣᠭᠣᠰᠣ ᠪᠣᠯᠤᠭᠰᠠᠨ ᠲᠠᠪᠤᠨ ᠥᠩᠭᠡ ᠶ᠋ᠢᠨ ᠲᠠᠰᠤᠷᠬᠠᠢ ᠥᠭᠡᠳᠡᠰᠦ ᠶ᠋ᠢ ᠶᠠᠭᠠᠷᠠᠨ ᠲᠡᠭᠦᠵᠦ ᠠᠪᠤᠪᠠ᠃*
ᠤᠯᠤᠰ ᠶᠤᠭᠠᠨ ᠨᠠᠢᠷ ᠲᠠᠯᠪᠢᠵᠤ ᠥᠭᠭᠦᠭᠰᠡᠨ ᠦ᠌ ᠡᠷᠭᠦᠮᠵᠢᠯᠡᠯ ᠢ᠋ ᠪᠣᠭᠳᠠ ᠬᠠᠭᠠᠨ ᠳ᠋ᠤ᠌ ᠣᠯᠭᠣᠬᠤ ᠲᠡᠷᠡ ᠶᠣᠰᠣᠯᠠᠯ ᠠ᠋ᠴᠠ ᠠᠷᠠᠳ ᠤ᠋ᠳ ᠲᠣᠯᠣᠭᠠᠢ ᠪᠠᠨ ᠪᠥᠬᠥᠢᠯᠭᠡᠨ ᠬᠥᠮᠦᠨ ᠪᠦᠷᠢ ᠭᠤᠳᠤᠷᠠᠨ ᠭᠣᠨᠢᠭᠠᠷᠠᠵᠤ᠂ ᠦᠭᠡ ᠳᠠᠭᠤᠨ᠂ ᠴᠢᠮᠡᠭᠡ ᠢᠮᠡᠭᠡ ᠦᠭᠡᠢ ᠲᠠᠷᠠᠴᠠᠭᠠᠪᠠ( ᠳᠠᠷᠠᠵᠠᠭᠠᠪᠠ)᠃
ᠡᠮᠡᠭᠡᠳ᠂ ᠡᠮᠡᠭᠲᠡᠢᠴᠦᠳ ᠨᠢᠳᠦᠨ ᠦ᠌ ᠨᠢᠯᠪᠤᠰᠤ ᠶ᠋ᠢ ᠬᠠᠨᠴᠤᠢ ᠪᠠᠷ ᠠᠷᠴᠢᠨ ᠶᠠᠪᠤᠬᠤ ᠨᠢ ᠣᠯᠠᠨ ᠪᠠᠢᠪᠠ᠃ ᠣᠯᠠᠨ ᠤ᠋ ᠰᠡᠳᠬᠢᠯ ᠢ᠋ ᠭᠤᠲᠤᠭᠠᠭᠰᠠᠨ ᠲᠡᠷᠡ ᠶᠣᠰᠣᠯᠠᠯ ᠤ᠋ᠨ ᠦᠶᠡᠰ᠂ ᠲᠠᠯᠠᠪᠤᠷ ᠲᠤ᠌ ᠴᠠᠭᠠᠰᠢ ᠨᠠᠭᠠᠰᠢ ᠰᠡᠯᠡᠭᠦᠴᠡᠨ ᠶᠠᠪᠤᠵᠤ ᠪᠠᠢᠭᠰᠠᠨ ᠬᠠᠢᠷᠴᠠᠭ ᠤ᠋ᠨ ᠮᠠᠢᠮᠠᠢᠴᠢᠨ ᠬᠢᠲᠠᠳ ᠤ᠋ᠳ ᠶᠠᠩᠵᠤᠤᠷ᠂ ᠬᠢᠮᠳᠠ ᠦᠨ᠎ᠡ ᠲᠡᠢ ᠰᠢᠬᠢᠷ ᠵᠢᠮᠢᠰ᠂ ᠠᠮᠧᠷᠢᠺᠠ ᠶ᠋ᠢᠨ ᠰᠢᠬᠢᠷ ᠲᠡᠢ ᠷᠧᠽᠢᠨ ᠪᠣᠬᠢ ᠬᠤᠳᠠᠯᠳᠤᠬᠤ ᠭᠡᠵᠦ ᠣᠷᠣᠯᠳᠣᠭᠠᠳ ᠭᠠᠭᠴᠠ ᠴᠣ ᠼᠧᠨ᠋ᠲ᠋ ᠵᠣᠭᠣᠰᠤᠨ ᠤ᠋ ᠭᠦᠢᠯᠭᠡᠭᠡ ᠬᠢᠵᠦ ᠴᠢᠳᠠᠭᠰᠠᠨ ᠦᠭᠡᠢ ᠪᠢᠯᠡ᠃
ᠨᠠᠰᠤᠨᠪᠠᠲᠤ ᠭᠡᠷ ᠲᠡᠭᠡᠨ ᠬᠠᠷᠢᠬᠤ ᠳ᠋ᠠᠭᠠᠨ ᠶᠡᠬᠡᠯ᠎ᠡ ᠳᠠᠷᠤᠯᠠᠭᠳᠠᠨ ᠳᠣᠷᠣᠮᠵᠢᠯᠠᠭᠳᠠᠵᠤ ᠭᠤᠳᠤᠷᠠᠭᠰᠠᠨ ᠪᠠᠢᠳᠠᠯ ᠲᠠᠢ ᠬᠠᠷᠢᠪᠠ᠃ ᠡᠴᠡᠩᠬᠡᠢ ᠮᠣᠷᠢ ᠲᠠᠢ᠂ ᠬᠠᠭᠤᠴᠢᠨ ᠮᠤᠤᠰᠠᠢᠨ ᠳᠡᠪᠡᠯ ᠲᠡᠢ᠂ ᠡᠯᠡᠭᠳᠡᠵᠦ ᠪᠠᠯᠪᠠᠭᠤᠯᠵᠤ ᠭᠬᠢᠷ ᠲᠣᠰᠣ ᠪᠣᠯᠤᠭᠰᠠᠨ ᠪᠠᠷᠢᠭᠤᠯ ᠮᠣᠳᠣ ᠲᠠᠢ ᠬᠠᠭᠤᠴᠢᠨ ᠸᠢᠨᠲ᠋ᠣᠸ ᠲᠠᠢ ᠮᠣᠩᠭᠣᠯ ᠴᠡᠷᠢᠭ ᠬᠦᠷᠢᠶᠡᠨ ᠦ᠌ ᠭᠠᠳᠠᠨ᠎ᠠ ᠭᠤᠢᠯᠢᠨᠴᠢᠨ ᠰᠢᠭ᠋ ᠬᠣᠴᠣᠷᠤᠭᠠᠳ ᠪᠠᠢᠭ᠎ᠠ ᠨᠢ᠂ ᠮᠥᠨ ᠲᠡᠷᠡ ᠦᠶ᠎ᠡ ᠳ᠋ᠦ᠍ ᠴᠣ ᠰᠢᠨ᠎ᠡ ᠬᠤᠪᠴᠠᠰᠤ ᠬᠤᠨᠠᠷ ᠲᠠᠢ ᠰᠢᠪ ᠰᠢᠨᠡᠬᠡᠨ ᠶᠠᠫᠣᠨ ᠸᠢᠨᠲ᠋ᠣᠸ ᠲᠠᠢ᠂ ᠳᠠᠶᠠᠩ ᠣᠯᠠᠨ ᠢ᠋ ᠳᠠᠷᠤᠵᠤ ᠳᠠᠷᠬᠠᠨ ᠴᠣᠯᠠ ᠪᠠᠨ ᠮᠠᠨᠳᠤᠭᠤᠯᠤᠭᠰᠠᠨ ᠰᠢᠨᠵᠢ ᠲᠡᠢ ᠵᠣᠭᠰᠣᠵᠤ ᠪᠠᠢᠭ᠎ᠠ ᠶᠡᠬᠡ ᠵᠠᠩ ᠲᠠᠢ ᠬᠢᠲᠠᠳ ᠭᠠᠮᠢᠩ ᠴᠡᠷᠢᠭ᠂ ᠡᠷᠢᠶᠡᠨ ᠲᠣᠷᠭ᠎ᠠ ᠮᠠᠩᠨᠤᠭ ᠪᠣᠯᠤᠭᠰᠠᠨ ᠸᠠᠩ ᠬᠦᠩ ᠯᠠᠮᠠ ᠨᠠᠷ᠂ ᠲᠦᠷᠢᠮᠡᠬᠡᠢᠯᠡᠨ ᠡᠵᠡᠯᠡᠭᠴᠢ ᠴᠡᠷᠢᠭ ᠦ᠋ᠨ ᠪᠠᠭ᠎ᠠ ᠳᠠᠷᠤᠭ᠎ᠠ ᠨᠠᠷ ᠤ᠋ᠨ ᠭᠠᠷ ᠢ᠋ᠶ᠋ᠠᠷ ᠳᠣᠬᠢᠨ ᠵᠠᠩᠭᠠᠬᠤ ᠳ᠋ᠤᠨᠢ᠂ ᠱᠢ ᠶ᠋ᠢᠨ ᠲᠠᠢᠵᠠᠨ ᠳᠡᠭᠡᠷ᠎ᠡ ᠲᠣᠭᠯᠠᠵᠤ ᠪᠠᠢᠭ᠎ᠠ ᠵᠦᠴᠦᠭᠡᠴᠢᠨ ᠰᠢᠭ ᠴᠠᠰᠢ ᠨᠠᠰᠢ ᠤᠬᠤᠷᠢᠨ ᠲᠡᠪᠰᠢᠨ ᠤᠷᠢᠳᠠ(ᠤᠷᠢᠳ) ᠰᠤᠷᠭᠠᠭᠤᠯᠢ ᠬᠢᠭᠰᠡᠨ ᠶᠣᠰᠣ ᠪᠠᠷ ᠨᠠᠪᠰᠠᠯᠵᠠᠵᠤ ᠪᠠᠢᠭ᠎ᠠ ᠶ᠋ᠢ ᠬᠠᠷᠠᠵᠤ᠂ ᠬᠣᠣᠷ ᠲᠠᠢ ᠦᠭᠡ ᠪᠡᠷ ᠳᠠᠭᠠᠷᠢᠨ ᠮᠠᠭᠤ ᠬᠡᠯᠡᠵᠦ ᠪᠠᠢᠭ᠎ᠠ ᠶᠡᠬᠡᠷᠬᠡᠭ ᠵᠠᠩ ᠲᠠᠢ ᠬᠢᠲᠠᠳ ᠳ᠋ᠠᠩᠵᠢᠶᠠᠳᠠ(ᠳᠠᠩᠵᠢᠶᠠᠳ) ᠬᠤᠳᠠᠯᠳᠤᠭᠠᠴᠢᠨ ᠳ᠋ᠤ᠌ ᠢᠩᠭᠢᠵᠦ ᠳᠠᠷᠤᠯᠠᠭᠳᠠᠨ ᠳᠣᠷᠣᠮᠵᠢᠯᠠᠭᠳᠠᠵᠤ ᠪᠠᠢᠭ᠎ᠠ ᠪᠠᠨ ᠬᠠᠷᠠᠵᠤ ᠬᠣᠷᠣᠰᠤᠯ ᠴᠡᠭᠡᠵᠢ ᠳᠦᠭᠦᠷᠴᠦ ᠬᠦᠷᠡᠯ ᠴᠢᠯᠠᠭᠤᠨ ᠴᠢᠷᠠᠢ ᠴᠢᠷᠠᠢᠯᠠᠭᠰᠠᠨ ᠠᠷᠠᠳ ᠣᠯᠠᠨ ᠨᠢ ᠨᠠᠰᠤᠨᠪᠠᠲᠤ ᠶ᠋ᠢᠨ ᠨᠢᠳᠦᠨ ᠳ᠋ᠦ᠍ ᠦᠵᠡᠭᠳᠡᠵᠦ ᠲᠡᠰᠬᠡᠯ ᠦᠭᠡᠢ ᠭᠤᠨᠢᠬᠠᠷᠠᠨ ᠶᠠᠪᠤᠪᠠ᠃
ᠲᠦᠷᠢᠮᠡᠬᠡᠢᠯᠡᠨ ᠡᠵᠡᠯᠡᠭᠴᠢᠳ ᠢ᠋ ᠵᠢᠭᠰᠢᠨ ᠡᠰᠡᠷᠭᠦᠴᠡᠭᠰᠡᠨ ᠲᠡᠮᠳᠡᠭ ᠪᠣᠯᠭᠠᠵᠤ᠂ ᠨᠠᠰᠤᠨᠪᠠᠲᠤ᠂ ᠪᠢᠴᠢᠭᠡᠴᠢ ᠶ᠋ᠢᠨ ᠠᠯᠪᠠ ᠬᠠᠭᠠᠵᠤ ᠪᠠᠢᠭ᠎ᠠ ᠪᠠᠨ ᠪᠠᠢᠶ᠎ᠠ ᠭᠡᠵᠦ ᠲᠣᠭᠲᠠᠭᠠᠳ᠂ ᠬᠣᠢᠲᠤ ᠡᠳᠦᠷ ᠨᠢ ᠶᠠᠮᠤᠨ᠎ᠠ ᠬᠦᠷᠴᠦ ᠣᠴᠢᠪᠠᠰᠤ᠂ ᠬᠠᠭᠠᠯᠭᠠᠨ ᠤ᠋ ᠡᠮᠦᠨ᠎ᠡ ᠬᠣᠶᠠᠷ ᠬᠢᠲᠠᠳ ᠴᠡᠷᠢᠭ ᠫᠤᠤ ᠪᠠᠷᠢᠨ ᠵᠣᠭᠰᠣᠵᠠᠢ᠃ ᠬᠡᠯᠲᠡᠰ ᠡᠷᠬᠢᠯᠡᠭᠰᠡᠨ ᠲᠦᠰᠢᠮᠡᠯ ᠨᠠᠰᠤᠨᠪᠠᠲᠤ ᠳ᠋ᠤ᠌ ᠣᠳᠣ ᠪᠦᠬᠦ ᠮᠣᠩᠭᠣᠯ ᠶᠠᠮᠤᠨ ᠲᠠᠲᠠᠭᠳᠠᠨ ᠪᠠᠭᠤᠵᠤ᠂ ᠰᠠᠢᠳ ᠤ᠋ᠳ ᠲᠠᠮᠠᠭ᠎ᠠ ᠬᠡᠷᠡᠭ ᠢ᠋《ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠳᠬᠡᠬᠦ ᠶᠠᠮᠤᠨ》 ᠭᠡᠭᠴᠢ ᠶ᠋ᠢᠨ ᠲᠥᠯᠥᠭᠡᠨ ᠦ᠌ ᠲᠦᠰᠢᠮᠡᠯ ᠳ᠋ᠦ᠍ ᠲᠤᠰᠢᠶᠠᠨ᠂ ᠪᠢᠴᠢᠭᠡᠴᠢ ᠶ᠋ᠢᠨ ᠵᠡᠷᠭᠡ ᠳᠣᠣᠷᠠᠲᠤ ᠠᠯᠪᠠᠨ ᠤ᠋ ᠬᠥᠮᠦᠰ ᠢ᠋ ᠴᠥᠮ ᠬᠠᠰᠤᠵᠤ᠂ ᠳᠤᠷᠠᠲᠠᠢ ᠨᠢ《 ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠳᠬᠡᠬᠦ ᠶᠠᠮᠤᠨ》 ᠳ᠋ᠤ᠌ ᠡᠷᠭᠦᠳᠡᠯ ᠭᠠᠷᠭᠠᠪᠠᠯ ᠵᠣᠬᠢᠨ᠎ᠠ ᠭᠡᠳ ᠥᠭᠦᠯᠡᠷᠦᠨ᠂
— ᠴᠢᠨᠦ ᠮᠡᠲᠦ ᠬᠥᠮᠦᠨ ᠠᠯᠪᠠ ᠠᠵᠢᠯ ᠣᠯᠵᠤ ᠶᠠᠳᠠᠬᠤ ᠦᠭᠡᠢ᠂ ᠴᠢ ᠬᠢᠲᠠᠳ ᠬᠡᠯᠡ ᠲᠡᠢ ᠬᠥᠮᠦᠨ ᠰᠢᠦ ᠳᠡ᠃ ᠭᠠᠮᠢᠩ ᠤ᠋ᠳ ᠲᠡᠢᠮᠦ ᠬᠥᠮᠦᠨ ᠢ᠋ ᠴᠢᠬᠤᠯᠠ ᠬᠡᠷᠡᠭᠯᠡᠵᠦ ᠪᠠᠢᠭ᠎ᠠ ᠭᠡᠵᠦ ᠲᠡᠷᠡ ᠲᠦᠰᠢᠮᠡᠯ᠂ ᠨᠠᠰᠤᠨᠪᠠᠲᠤ ᠶ᠋ᠢ ᠠᠯᠪᠠᠨ ᠠ᠋ᠴᠠ ᠭᠡᠨᠡᠳᠲᠡ ᠬᠠᠯᠠᠭᠳᠠᠭᠰᠠᠨ ᠳ᠋ᠠᠭᠠᠨ ᠭᠤᠨᠢᠭᠠᠷᠠᠬᠤ ᠪᠣᠯᠪᠠᠤ ᠭᠡᠵᠦ ᠪᠣᠳᠣᠭᠠᠳ᠂ ᠰᠡᠳᠬᠢᠯ ᠢ᠋ ᠵᠠᠰᠠᠵᠤ ᠬᠡᠳᠦᠨ ᠦᠭᠡ ᠬᠡᠯᠡᠭᠡᠳ᠂ ᠨᠠᠰᠤᠨᠪᠠᠲᠤ ᠶ᠋ᠢ ᠪᠢ ᠲᠦᠷᠢᠮᠡᠬᠡᠢᠯᠡᠨ ᠡᠵᠡᠯᠡᠭᠴᠢᠳ ᠦ᠋ᠨ ᠠᠯᠪᠠ ᠬᠠᠭᠠᠬᠤ ᠦᠭᠡᠢ ᠭᠡᠵᠦ ᠡᠷᠭᠢᠭᠡᠳ ᠭᠠᠷᠬᠤ ᠳ᠋ᠤᠨᠢ ᠶᠡᠬᠡᠯ᠎ᠡ (ᠶᠡᠬᠡ ᠯᠡ) ᠭᠠᠢᠬᠠᠵᠤ᠂ ᠬᠣᠢᠨ᠎ᠠ ᠠ᠋ᠴᠠ ᠨᠢ ᠲᠣᠯᠣᠭᠠᠢ ᠪᠠᠨ ᠰᠡᠭᠰᠦᠷᠦᠨ ᠬᠦᠢᠲᠡᠨ ᠢ᠋ᠶ᠋ᠡᠷ ᠢᠨᠢᠶᠡᠮᠰᠦᠭᠯᠡᠪᠡ᠃ ᠭᠠᠳᠠᠨ᠎ᠠ ᠨᠠᠰᠤᠨᠪᠠᠲᠤ ᠶ᠋ᠢ ᠡᠪᠦᠭᠡᠨ ᠵᠠᠷᠤᠯᠭ᠎ᠠ ᠭᠦᠢᠴᠡᠭᠡᠳ᠂
— ᠬᠦᠦ ᠮᠢᠨᠢ ᠨᠢᠷᠪᠠ ᠶ᠋ᠢᠨ ᠭᠡᠷ ᠲᠦ᠍ ᠣᠷᠣᠵᠤ᠂ ᠠᠯᠪᠠ ᠬᠠᠭᠠᠭᠰᠠᠨ ᠭᠡᠵᠦ ᠬᠣᠨᠣᠭ ᠤ᠋ᠨ ᠢ᠋ᠶ᠋ᠠᠨ ᠴᠠᠯᠢᠩ ᠢ᠋ ᠠᠪᠬᠤ ᠶᠤᠮ ᠪᠢᠰᠢᠦ? ᠡᠨᠡ ᠬᠠᠷ᠎ᠠ ᠭᠠᠮᠢᠩ ᠳ᠋ᠤ᠌ ᠮᠥᠩᠭᠥ ᠪᠡᠨ ᠲᠤᠰᠠᠯᠠᠭᠠᠳ ᠶᠠᠭᠠᠬᠢᠬᠤ ᠨᠢ ᠪᠣᠢ? ᠭᠡᠬᠦ ᠳ᠋ᠦ᠍ᠨᠢ ᠨᠠᠰᠤᠨᠪᠠᠲᠤ᠂ ᠡᠪᠦᠭᠡᠨ ᠵᠠᠷᠤᠯᠭ᠎ᠠ ᠶ᠋ᠢᠨ ᠵᠦᠭ ᠡᠷᠭᠢᠵᠦ᠂
— ᠡᠪᠦᠭᠡᠨ ᠠᠪᠤᠭᠠᠢ ᠶ᠋ᠢᠨ ᠦᠭᠡ ᠵᠥᠪ ᠠ᠋ ᠭᠡᠵᠦ ᠬᠡᠯᠡᠬᠦ ᠳ᠋ᠦ᠍ᠨᠢ᠂ ᠡᠪᠦᠭᠡᠨ ᠵᠠᠷᠤᠯᠭ᠎ᠠ ᠰᠠᠮ ᠰᠢᠪᠡᠨᠡᠨ᠂
— ᠴᠢ ᠰᠠᠢ᠍ᠢ ᠶ᠋ᠢᠨ ᠲᠦᠰᠢᠮᠡᠯ ᠳ᠋ᠦ᠍ ᠳᠡᠮᠡᠢ ᠲᠡᠢᠮᠦ ᠦᠭᠡ ᠬᠡᠯᠡᠯ᠎ᠡ᠃ ᠴᠠᠭᠠᠳᠤᠬᠢ ᠴᠢᠨᠢ ᠴᠤᠤ ᠲᠠᠢ ᠬᠣᠪᠴᠢ ᠠᠮᠢᠲᠠᠨ᠂ ᠮᠠᠨᠵᠤ ᠶ᠋ᠢᠨ ᠦᠶᠡᠰ ᠲᠦ᠍ ᠰᠡᠭᠡᠷ ᠭᠠᠯᠳᠠ ᠭᠡᠵᠦ ᠬᠦᠷᠢᠶᠡᠨ ᠳ᠋ᠦ᠍ ᠴᠤᠤ ᠲᠠᠢ ᠬᠥᠮᠦᠨ ᠰᠢᠦ ᠳᠡ᠃ ᠴᠢᠨᠦ ᠬᠡᠯᠡᠭᠰᠡᠨ ᠦᠭᠡ ᠶ᠋ᠢ ᠨᠢᠭᠡ ᠶ᠋ᠢ ᠴᠦ᠍ ᠳᠤᠲᠠᠭᠠᠯ ᠦᠭᠡᠢ᠂ ᠬᠠᠷᠢᠨ ᠴᠢᠮᠡᠵᠦ ᠨᠡᠮᠡᠷᠢᠯᠡᠭᠡᠳ᠂ ᠵᠣᠬᠢᠬᠤ ᠭᠠᠵᠠᠷ ᠠᠯᠲᠠᠨ ᠬᠣᠰᠢᠭᠤ ᠳᠣᠣᠷ᠎ᠠ ᠪᠠᠨ ᠡᠷᠭᠦᠬᠦ ᠠᠮᠢᠲᠠᠨ ᠭᠡᠵᠦ ᠮᠡᠳᠡᠭᠡᠷᠡᠢ ᠭᠡᠪᠡ᠃
* * *
ᠬᠡᠳᠦ ᠬᠣᠨᠣᠭᠰᠠᠨ ᠤ᠋ ᠳᠠᠷᠠᠭ᠎ᠠ 《ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠣᠳᠣᠭᠤᠯᠤᠨ ᠰᠢᠳᠬᠡᠬᠦ ᠶᠠᠮᠤᠨ》᠂ ᠮᠣᠩᠭᠣᠯ ᠠᠯᠪᠠᠨ ᠶᠠᠮᠤᠨ ᠠ᠋ᠴᠠ ᠪᠢᠴᠢᠭ ᠲᠠᠮᠠᠭ᠎ᠠ ᠵᠡᠷᠭᠡ ᠶ᠋ᠢ ᠬᠦᠯᠢᠶᠡᠨ ᠳᠠᠭᠤᠰᠬᠠᠵᠤ᠂ ᠠᠯᠢᠪᠠ ᠬᠡᠷᠡᠭ ᠢ᠋ ᠵᠠᠯᠭᠠᠮᠵᠢᠯᠠᠨ ᠰᠢᠳᠬᠡᠬᠦ ᠪᠣᠯᠤᠭᠰᠠᠨ ᠢ᠋ ᠨᠡᠢᠲᠡ ᠳ᠋ᠦ᠍ ᠵᠠᠷᠯᠠᠪᠠ᠃
ᠰᠢᠨ᠎ᠡ ᠪᠠᠢᠭᠤᠯᠤᠭᠰᠠᠨ ᠲᠡᠷᠡ ᠠᠯᠪᠠᠨ ᠭᠠᠵᠠᠷ ᠤ᠋ᠨ ᠡᠭᠦᠳᠡ ᠶ᠋ᠢ ᠬᠠᠮᠤᠭ ᠤ᠋ᠨ ᠲᠡᠷᠢᠭᠦᠨ ᠳ᠋ᠦ᠍ ᠮᠥᠩᠭᠥ ᠬᠦᠦᠯᠡᠬᠦ ᠫᠦᠰᠡ ᠶ᠋ᠢᠨ ᠳ᠋ᠠᠩᠵᠢᠶᠠᠳᠠ (ᠳᠠᠩᠵᠢᠶᠠᠳ) ᠬᠤᠳᠠᠯᠳᠤᠭᠠᠴᠢᠨ ᠲᠠᠲᠠᠵᠤ᠂ ᠮᠣᠩᠭᠣᠯ ᠬᠣᠰᠢᠭᠤᠳ ᠠ᠋ᠴᠠ ᠬᠠᠭᠤᠴᠢᠨ ᠥᠷᠢ ᠨᠡᠬᠡᠮᠵᠢᠯᠡᠬᠦ ᠡᠷᠭᠦᠳᠡᠯ ᠪᠠᠷᠢᠵᠠᠭᠠᠪᠠ᠃ ᠲᠡᠷᠡ ᠶᠠᠮᠤᠨ ᠤ᠋ ᠲᠦᠰᠢᠮᠡᠳ᠂ ᠠᠰᠢᠭ ᠵᠠᠪᠰᠢᠶᠠᠨ ᠢ᠋ ᠶᠠᠭᠤᠮ᠎ᠠ ᠪᠦᠷᠢ ᠡᠴᠡ ᠣᠯᠬᠤ ᠮᠡᠷᠭᠡᠵᠢᠯ ᠲᠡᠢ ᠰᠦᠷᠡᠬᠡᠢ ᠲᠤᠷᠰᠢᠯᠭ᠎ᠠ ᠲᠠᠢ ᠤᠯᠤᠰ ᠪᠠᠢᠵᠤ᠂ ᠬᠤᠳᠠᠯᠳᠤᠭᠠᠨ ᠤ᠋ ᠣᠯᠠᠨ ᠫᠦᠰᠡ ᠶ᠋ᠢᠨ ᠳᠠᠩᠵᠢᠶᠠᠳ ᠨᠠᠷ ᠤ᠋ᠨ ᠲᠡᠷᠡ ᠡᠷᠭᠦᠳᠡᠯ ᠢ᠋ ᠪᠡᠶ᠎ᠡ ᠳ᠋ᠡᠭᠡᠨ( ᠳ᠋ᠦ᠍ ᠪᠡᠨ) ᠨᠡᠯᠢᠶᠡᠳ ᠣᠯᠵᠠ ᠠᠰᠢᠭ ᠣᠯᠬᠤ ᠠᠭᠤᠷᠬᠠᠢ ᠪᠣᠯᠭᠠᠪᠠ᠃
— ᠲᠦᠷᠢᠮᠡᠬᠡᠢᠯᠡᠨ ᠡᠵᠡᠯᠡᠭᠴᠢ ᠭᠠᠮᠢᠩ ᠴᠡᠷᠢᠭ ᠦ᠋ᠨ ᠡᠩ ᠦ᠋ᠨ ᠴᠡᠷᠢᠭ᠂ ᠥᠪᠡᠷᠲᠡᠭᠡᠨ ᠵᠠᠰᠠᠬᠤ ᠮᠣᠩᠭᠣᠯ ᠤᠯᠤᠰ ᠢ᠋《ᠪᠠᠷᠠᠭᠤᠨ ᠬᠣᠢᠲᠤ ᠬᠢᠵᠠᠭᠠᠷ》 ᠪᠣᠯᠣᠮᠠᠭᠴᠠ᠂《ᠰᠢᠨ᠎ᠡ ᠨᠡᠢᠯᠡᠭᠰᠡᠨ ᠲᠡᠷᠡ ᠬᠢᠵᠠᠭᠠᠷ ᠤ᠋ᠨ ᠠᠷᠠᠳ ᠣᠯᠠᠨ ᠲᠠᠢ ᠵᠤᠵᠠᠭᠠᠨ ᠬᠠᠷᠢᠯᠴᠠᠭ᠎ᠠ》 ᠪᠠᠢᠭᠤᠯᠵᠤ ᠡᠬᠢᠯᠡᠪᠡ᠃ ᠢᠴᠢᠬᠦ ᠭᠠᠢᠬᠠᠬᠤ ᠶ᠋ᠢ ᠮᠡᠳᠡᠬᠦ ᠦᠭᠡᠢ᠂ ᠨᠢᠭᠤᠷ ᠨᠢᠳᠦ ᠦᠭᠡᠢ ᠠᠭᠠᠰᠢᠯᠠᠬᠤ ᠲᠡᠷᠡ ᠭᠠᠮᠢᠩ ᠴᠡᠷᠢᠭ ᠠᠢᠯ ᠢ᠋ᠶ᠋ᠠᠷ ᠬᠠᠮᠢᠶ᠎ᠠ ᠨᠠᠮᠢᠶ᠎ᠠ ᠦᠭᠡᠢ ᠣᠷᠣᠵᠤ ᠦᠢᠮᠡᠭᠦᠯᠬᠦ ᠪᠣᠯᠤᠭᠰᠠᠨ ᠳ᠋ᠤ᠌᠂ ᠭᠠᠭᠴᠠᠬᠦ (ᠭᠠᠭᠴᠠ ᠬᠦ᠌) ᠲᠦᠷᠢᠮᠡᠬᠡᠢᠯᠡᠨ ᠡᠵᠡᠯᠡᠭᠰᠡᠨ ᠴᠡᠷᠢᠭ ᠦ᠋ᠨ ᠶᠠᠮᠠᠷ ᠨᠢᠭᠡᠨ ᠳᠡᠰᠯᠡᠭᠴᠢ ᠪᠤᠶᠤ ᠬᠣᠰᠢᠭᠤᠴᠢ ᠶ᠋ᠢᠨ ᠨᠡᠷ᠎ᠡ ᠶ᠋ᠢᠨ ᠬᠠᠭᠤᠳᠠᠰᠤ * ᠦᠵᠡᠭᠦᠯᠪᠡᠯ᠂ ᠰᠠᠢ᠍ᠢ(ᠰᠠᠶᠢ) ᠨᠣᠮᠣᠭᠠᠷᠠᠵᠤ (ᠨᠣᠮᠣᠬᠠᠷᠠᠵᠤ) ᠵᠠᠢᠯᠠᠳᠠᠭ ᠪᠠᠢᠵᠠᠢ᠃ ᠨᠡᠷ᠎ᠡ ᠶ᠋ᠢᠨ ᠬᠠᠭᠤᠳᠠᠰᠤ ᠭᠡᠳᠡᠭ ᠲᠡᠷᠡ ᠰᠢᠨ᠎ᠡ《ᠰᠠᠬᠢᠭᠤᠯᠰᠤᠨ》᠂ ᠵᠠᠬ᠎ᠠ ᠵᠡᠭᠡᠯᠢ ᠶ᠋ᠢᠨ ᠭᠠᠵᠠᠷ ᠴᠤ᠌ ᠮᠣᠩᠭᠣᠯ ᠢ᠋ᠶ᠋ᠠᠷ《ᠺᠢᠸᠣᠺᠧᠨ( ᠬᠡᠦᠬᠡᠨ)》 ᠭᠡᠬᠦ ᠡᠴᠡ ᠥᠭᠡᠷ᠎ᠡ ᠦᠭᠡ ᠮᠡᠳᠡᠬᠦ ᠦᠭᠡᠢ᠂ ᠭᠠᠮᠢᠩ ᠴᠡᠷᠢᠭ ᠦ᠋ᠨ ᠡᠮᠡᠭᠲᠡᠢᠴᠦᠳ ᠲᠦ᠍ ᠨᠠᠭᠠᠯᠳᠤᠬᠤ ᠳᠠᠭᠠᠬᠤ ᠠ᠋ᠴᠠ ᠰᠠᠯᠭᠠᠬᠤ ᠰᠠᠬᠢᠭᠤᠯᠰᠤ ᠪᠣᠯᠵᠤ᠂ ᠲᠦᠷᠢᠮᠡᠬᠡᠢᠯᠡᠨ ᠡᠵᠡᠯᠡᠭᠰᠡᠨ ᠴᠡᠷᠢᠭ ᠦ᠋ᠨ ᠠᠷᠭ᠎ᠠ ᠵᠠᠯᠢᠲᠠᠢ ᠳᠡᠰᠯᠡᠭᠴᠢ᠂ ᠬᠣᠰᠢᠭᠤᠴᠢ ᠨᠠᠷ ᠥᠪᠡᠷ ᠦ᠋ᠨ ᠨᠡᠷ᠎ᠡ ᠶ᠋ᠢᠨ ᠬᠠᠭᠤᠳᠠᠰᠤ ᠪᠠᠷ《ᠪᠠᠷᠠᠭᠤᠨ ᠬᠣᠢᠲᠤ ᠬᠢᠵᠠᠭᠠᠷ ᠲᠤ᠌》 ᠨᠡᠮᠡᠭᠳᠡᠯ ᠠᠰᠢᠭ ᠣᠯᠬᠤ ᠰᠢᠨ᠎ᠡ ᠠᠷᠭ᠎ᠠ ᠵᠠᠪᠰᠢᠶᠠᠨ ᠪᠣᠯᠤᠭᠰᠠᠨ ᠪᠢᠯᠡ᠃ *
ᠮᠣᠩᠭᠣᠯ ᠴᠡᠷᠢᠭ ᠢ᠋ ᠥᠭᠦᠯᠡᠪᠡᠰᠦ᠂《 ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠳᠬᠡᠭᠴᠢ(ᠰᠢᠢᠳᠬᠡᠭᠴᠢ) ᠳᠠᠷᠤᠭ᠎ᠠ》 ᠰᠢᠦᠢ ᠭᠧᠨᠧᠷᠠᠯ ᠲᠤᠰᠢᠶᠠᠯ ᠤ᠋ᠨ ᠬᠡᠷᠡᠭ ᠢ᠋ ᠬᠦᠯᠢᠶᠡᠨ ᠠᠪᠤᠮᠠᠭᠴᠠ᠂ ᠡᠩ ᠲᠡᠷᠢᠭᠦᠨ ᠳ᠋ᠦ᠍ ᠬᠦᠷᠢᠶᠡᠨ ᠦ᠌ ᠮᠣᠩᠭᠣᠯ ᠴᠡᠷᠢᠭ ᠦ᠋ᠨ ᠵᠡᠪᠰᠡᠭ ᠢ᠋ ᠬᠣᠷᠢᠶᠠᠨ ᠠᠪᠴᠤ ᠴᠡᠷᠢᠭ ᠢ᠋ ᠲᠡᠳᠡᠨ ᠪᠠᠭᠤᠯᠭᠠᠪᠠ᠃ ᠪᠠᠷᠠᠭᠤᠨ ᠡᠮᠦᠨ᠎ᠡ᠂ ᠡᠮᠦᠨ᠎ᠡ᠂ ᠵᠡᠭᠦᠨ ᠡᠮᠦᠨ᠎ᠡ ᠬᠢᠵᠠᠭᠠᠷ ᠢ᠋ ᠰᠡᠷᠭᠡᠢᠯᠡᠨ ᠰᠠᠭᠤᠭᠰᠠᠨ ᠮᠣᠩᠭᠣᠯ ᠴᠡᠷᠢᠭ ᠦ᠋ᠨ ᠠᠩᠭᠢ ᠶ᠋ᠢ ᠶᠠᠭᠠᠷᠠᠪᠴᠢᠯᠠᠨ ᠲᠡᠳᠡᠨ ᠤᠰᠠᠳᠬᠠᠵᠤ᠂ ᠴᠡᠷᠢᠭ ᠦ᠋ᠨ ᠪᠤᠴᠠᠬᠤ ᠵᠠᠮ ᠳ᠋ᠤ᠌ ᠤᠯᠠᠭ᠎ᠠ ᠶ᠋ᠢᠨ ᠵᠠᠷ ᠴᠣ ᠰᠢᠢᠳᠬᠡᠨ ᠣᠯᠭᠣᠭᠰᠠᠨ ᠦᠭᠡᠢ ᠲᠤᠯᠠ ᠬᠥᠬᠡ (ᠬᠥᠬᠡᠭᠡ) ᠡᠪᠦᠯ ᠦ᠋ᠨ ᠲᠡᠰᠬᠢᠮ᠎ᠡ ᠬᠦᠢᠲᠡᠨ ᠳ᠋ᠦ᠍ ᠬᠥᠭᠡᠷᠦᠬᠦᠢ ᠴᠡᠷᠢᠭ ᠦ᠋ᠨ ᠡᠷᠡᠰ᠂ ᠨᠤᠲᠤᠭ ᠨᠤᠲᠤᠭ ᠲᠠᠭᠠᠨ ᠶᠠᠪᠠᠭᠠᠨ ᠬᠠᠷᠢᠬᠤ ᠳ᠋ᠤ᠌ ᠬᠦᠷᠴᠡᠢ᠃ ᠶᠠᠪᠠᠭᠠᠨ ᠬᠥᠮᠦᠨ ᠪᠠᠢᠲᠤᠭᠠᠢ᠂ ᠮᠣᠷᠢ ᠲᠠᠢ ᠤᠨᠤᠭ᠎ᠠ ᠲᠠᠢ ᠬᠥᠮᠦᠨ ᠴᠦ᠍ ᠡᠪᠦᠯ ᠬᠣᠨᠣᠨ ᠥᠨᠵᠢᠨ ᠶᠠᠪᠤᠵᠤ ᠠᠢᠯ ᠳ᠋ᠤ᠌ ᠬᠦᠷᠬᠦ ᠨᠢ ᠪᠡᠷᠬᠡ᠂ ᠡᠯ ᠴᠢᠯ ᠦᠭᠡᠢ ᠶᠡᠬᠡ ᠭᠣᠪᠢ ᠶ᠋ᠢᠨ ᠠᠭᠤᠳᠠᠮ ᠴᠦᠯ ᠳ᠋ᠦ᠍ ᠵᠠᠷᠢᠮ ᠴᠡᠷᠢᠭ ᠦ᠋ᠨ ᠬᠥᠮᠦᠨ᠂ ᠶᠠᠪᠠᠭᠠᠨ ᠬᠠᠷᠢᠵᠤ ᠶᠠᠪᠤᠭᠰᠠᠭᠠᠷ ᠣᠰᠤᠭᠤᠵᠤ ᠦᠬᠦᠭᠰᠡᠨ ᠨᠢ ᠣᠯᠠᠨ ᠪᠠᠢᠵᠠᠢ᠃ ᠣᠯᠠᠨ᠎ᠠ ᠡᠷᠭᠦᠭᠳᠡᠭᠰᠡᠨ ᠦ᠌ ᠰᠢᠷᠠᠭᠴᠢᠨ ᠬᠣᠨᠢᠨ ᠵᠢᠯ ᠦ᠋ᠨ ᠶᠢᠰᠦᠳᠦᠭᠡᠷ ᠣᠨ ᠢᠩᠭᠢᠵᠦ ᠲᠡᠭᠦᠰᠴᠦ ᠪᠠᠢᠭᠰᠠᠨ ᠪᠢᠯᠡ᠃
— — — —
* ᠦᠨᠡᠨ ᠬᠡᠷᠡᠭ᠃
* ᠨᠡᠷ᠎ᠡ ᠶ᠋ᠢᠨ ᠬᠠᠭᠤᠳᠠᠰᠤ ᠭᠡᠵᠦ᠂ ᠥᠪᠡᠷ ᠦ᠋ᠨ ᠨᠡᠷ᠎ᠡ ᠲᠤᠰᠢᠶᠠᠯ ᠵᠡᠷᠭᠡ ᠶ᠋ᠢ ᠲᠣᠳᠣᠷᠬᠠᠢᠯᠠᠭᠰᠠᠨ ᠪᠢᠴᠢᠬᠠᠨ ᠤᠷᠲᠤᠯᠢᠭ ᠵᠤᠷᠪᠤᠰ ᠳᠥᠷᠪᠡᠯᠵᠢᠨ ᠬᠠᠭᠤᠳᠠᠰᠤ ᠶ᠋ᠢ ᠬᠡᠯᠡᠳᠡᠭ ᠶᠦᠮ᠃ ᠲᠠᠨᠢᠯᠴᠠᠬᠤ ᠶᠠᠷᠢᠯᠴᠠᠬᠤ ᠳ᠋ᠤ᠌ ᠬᠡᠷᠡᠭᠯᠡᠬᠦ ᠵᠦᠢᠯ᠃
* ᠦᠨᠡᠨ ᠬᠡᠷᠡᠭ
ᠦᠰᠦᠭ ᠠᠮᠢᠯᠠᠭᠤᠯᠤᠭᠴᠢ᠄ ᠤᠢᠭᠤᠷᠵᠢᠨ· ᠣᠳᠬᠣᠨᠪᠠᠪᠠ᠂ ᠮᠧᠢ ᠬᠤᠸᠠ᠂ ᠴᠤᠯᠮᠤᠨᠭᠡᠷᠡᠯ᠂ ᠪᠠᠳᠮᠠᠰᠡᠴᠡᠨ᠂
ᠴᠡᠩᠬᠡᠯᠴᠡᠴᠡᠭ ᠂ ᠣᠶᠤᠨᠪᠢᠯᠢᠭ᠌᠂ ᠲᠠᠪᠤᠨ ᠤᠰᠤ
ᠬᠢᠨᠠᠭᠴᠢ᠄ ᠤᠢᠭᠤᠷᠵᠢᠨ·ᠣᠳᠬᠣᠨᠪᠠᠪᠠ᠂ ᠣᠳᠬᠣᠨᠴᠡᠴᠡᠭ᠂ ᠮᠥᠩᠭᠥᠨᠭᠣᠸ᠋ᠠ᠂ ᠪᠠᠯ
ᠤᠩᠰᠢᠭᠴᠢ᠄ ᠨᠠᠰᠤᠨ᠌ᠦ᠌ᠯᠵᠡᠢ
