ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠤᠷᠢᠨ ᠬᠣᠶᠠᠷ Үүрийн туяа II – Б ᠂ Ренчин Хоёрдугаар дэвтэр "Гал усны гашуун зовлон"-22 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠤᠷᠢᠨ ᠬᠣᠶᠠᠷ Үүрийн туяа II – Б ᠂ Ренчин Хоёрдугаар дэвтэр "Гал усны гашуун зовлон"-22

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠤᠷᠢᠨ ᠬᠣᠶᠠᠷ Үүрийн туяа II – Б ᠂ Ренчин Хоёрдугаар дэвтэр "Гал усны гашуун зовлон"-22

ᠠᠩᠭᠢᠯᠠᠯ:ᠲᠤᠭᠤᠵᠢ ᠷᠣᠮᠠᠨ
2025-02-27

455

ᠬᠣᠷᠢᠨ ᠬᠣᠶᠠᠷ᠂ ᠴᠠᠭᠠᠭᠴᠢᠨ ᠲᠠᠬᠢᠶ᠎ᠠ ᠵᠢᠯ ᠦ᠋ᠨ ᠭᠣᠷᠢ

   
                    ᠣᠴᠢ ᠠ᠋ᠴᠠ ᠭᠠᠯ ᠪᠠᠳᠠᠷᠠᠨ᠎ᠠ᠃    
                         (ᠫᠤᠱᠺᠢᠨ ᠳ᠋ᠤ᠌ ᠣᠳᠣᠶᠸᠸᠰᠺᠢ ᠶ᠋ᠢᠨ ᠬᠠᠷᠢᠭᠤᠯᠤᠭᠰᠠᠨ ᠦᠭᠡ)   

       ᠠᠷᠠᠳ ᠣᠯᠠᠨ ᠢ᠋ ᠬᠠᠷᠭᠢᠰ ᠲᠦᠷᠢᠮᠡᠬᠡᠢᠯᠡᠨ ᠡᠵᠡᠯᠡᠭᠴᠢᠳ ᠲᠡᠢ ᠲᠡᠮᠡᠴᠡᠨ ᠡᠰᠡᠷᠭᠦᠴᠡᠬᠦ ᠲᠡᠮᠡᠴᠡᠯ ᠳ᠋ᠦ᠍ ᠤᠷᠢᠶᠠᠯᠠᠭᠰᠠᠨ ᠬᠠᠭᠤᠳᠠᠰᠤ ᠪᠢᠴᠢᠭ᠂ ᠬᠦᠷᠢᠶᠡᠨ᠎ᠡ ᠡᠨᠳᠡ ᠲᠡᠨᠳᠡ ᠪᠣᠢ ᠪᠣᠯᠵᠤ ᠡᠬᠢᠯᠡᠪᠡ᠃ ᠲᠡᠢᠮᠦ ᠬᠠᠭᠤᠳᠠᠰᠤ ᠪᠢᠴᠢᠭ᠂ ᠬᠥᠮᠦᠨ ᠦ᠌ ᠰᠠᠨᠠᠭᠠᠨ ᠳ᠋ᠤ᠌ ᠣᠷᠣᠮ᠎ᠠ ᠦᠭᠡᠢ ᠭᠠᠵᠠᠷ ᠨᠠᠭᠠᠯᠳᠤᠭᠤᠯᠤᠭᠰᠠᠨ ᠪᠠᠢᠬᠤ ᠶ᠋ᠢ ᠬᠦᠷᠢᠶ᠎ᠡ ᠶ᠋ᠢᠨ ᠬᠢᠨ ᠣᠯᠵᠤ ᠦᠵᠡᠪᠡ᠃ ᠬᠠᠭᠤᠴᠢᠨ ᠳᠣᠲᠣᠭᠠᠳᠤ ᠶᠠᠮᠤᠨ ᠤ᠋ ᠬᠠᠭᠠᠯᠭ᠎ᠠ᠂《ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠢᠳᠬᠡᠬᠦ ᠶᠠᠮᠤᠨ》 ᠭᠡᠭᠴᠢ ᠶ᠋ᠢᠨ ᠬᠠᠭᠠᠯᠭᠠᠨ ᠳ᠋ᠤ᠌ ᠬᠦᠷᠲᠡᠯ᠎ᠡ᠂ ᠫᠤᠤ ᠲᠠᠢ ᠬᠢᠲᠠᠳ ᠴᠡᠷᠢᠭ ᠦ᠋ᠨ ᠪᠠᠷᠤᠭ ᠨᠢᠳᠦᠨ ᠦ᠌ ᠡᠮᠦᠨ᠎ᠡ᠂ ᠭᠠᠮᠢᠩ ᠤ᠋ᠨ ᠵᠠᠷᠯᠠᠯ ᠤ᠋ᠨ ᠳᠡᠷᠭᠡᠳᠡ ᠶᠡᠬᠡ ᠵᠢᠷᠦᠬᠡᠲᠡᠢ ᠨᠠᠭᠠᠯᠳᠤᠭᠤᠯᠴᠢᠬᠠᠭᠰᠠᠨ ᠦᠵᠡᠭᠳᠡᠳᠡᠭ ᠪᠣᠯᠪᠠ᠃ ᠭᠠᠨᠳᠠᠩᠳᠡᠭᠴᠢᠩᠯᠢᠩ ᠬᠡᠢᠳ ᠢ᠋ ᠲᠣᠭᠣᠷᠢᠭᠰᠠᠨ ᠬᠦᠷᠳᠦᠨ ᠳ᠋ᠦ᠍᠂ ᠬᠦᠷᠢᠶᠡᠨ ᠦ᠌ ᠪᠠᠷᠠᠭᠤᠨ ᠵᠠᠬ᠎ᠠ ᠳ᠋ᠤ᠌᠂ ᠬᠥᠳᠡᠭᠡ ᠡᠴᠡ ᠶᠠᠷᠠᠭ᠎ᠠ(ᠶᠠᠷᠭ᠎ᠠ) ᠶ᠋ᠢᠨ ᠬᠣᠨᠢ ᠲᠠᠭᠤᠵᠤ ᠢᠷᠡᠬᠦ ᠳ᠋ᠡᠭᠡᠨ(ᠳ᠋ᠦ᠍ ᠪᠡᠨ)ᠰᠠᠢᠨ ᠲᠥᠷᠥᠯ ᠣᠯᠵᠤ ᠲᠥᠷᠥᠬᠦ ᠪᠣᠯᠲᠤᠭᠠᠢ ᠭᠡᠵᠦ ᠳᠣᠣᠭᠤᠷ ᠨᠢ ᠲᠠᠭᠤᠵᠤ ᠭᠠᠷᠭᠠᠳᠠᠭ ᠰᠤᠪᠤᠷᠭᠠᠨ ᠤ᠋ ᠭᠤᠯᠳᠤᠩ ᠳ᠋ᠤ᠌᠂ ᠪᠠᠰᠠ ᠤᠯᠤᠰ ᠢ᠋ᠶ᠋ᠠᠨ ᠬᠤᠳᠠᠯᠳᠤᠵᠤ ᠤᠷᠪᠠᠭᠰᠠᠨ ᠬᠠᠨ ᠸᠠᠩ ᠤ᠋ᠳ ᠤ᠋ᠨ ᠠᠰᠠᠷᠲᠤ ᠬᠠᠭᠠᠯᠭᠠᠨ ᠳ᠋ᠤ᠌ ᠬᠤᠷᠴᠠ ᠥᠩᠭᠡ ᠶ᠋ᠢᠨ ᠪᠣᠳᠣᠭ ᠵᠦᠮᠪᠡᠷ(ᠵᠦᠮᠪᠦᠷ) ᠢ᠋ᠶ᠋ᠡᠷ ᠳᠦᠷᠰᠦᠯᠡᠭᠰᠡᠨ ᠡᠭᠦᠳᠡᠨ ᠦ᠌ ᠳᠣᠭᠰᠢᠨ ᠪᠠᠭᠠᠲᠤᠷ ᠰᠠᠬᠢᠭᠤᠯᠰᠤᠨ ᠤ᠋ ᠡᠯᠢᠭᠡᠨ ᠳᠡᠭᠡᠷ᠎ᠡ ᠨᠢ ᠬᠦᠷᠲᠡᠯ᠎ᠡ ᠨᠠᠭᠠᠯᠳᠤᠭᠤᠯᠤᠭᠰᠠᠨ ᠢ᠋ ᠤᠯᠤᠰ ᠬᠠᠪᠠᠷᠬᠠᠨ(ᠬᠠᠪᠤᠷᠬᠠᠨ— ᠬᠠᠪᠤ+ ᠊ᠷᠬ᠎ᠠ+ ᠊ᠨ) ᠦᠵᠡᠳᠡᠭ ᠪᠠᠢᠵᠠᠢ᠃ 
       ᠣᠯᠠᠨ ᠲᠦᠮᠡᠨ ᠳ᠋ᠦ᠍ ᠤᠴᠢᠷ ᠪᠠᠢᠳᠠᠯ ᠢ᠋ ᠲᠠᠨᠢᠭᠤᠯᠵᠤ ᠪᠠᠢᠭᠰᠠᠨ ᠲᠡᠷᠡ ᠤᠬᠠᠭᠤᠯᠬᠤ ᠬᠠᠭᠤᠳᠠᠰᠤ ᠶ᠋ᠢ ᠵᠠᠷᠢᠮ ᠳ᠋ᠠᠭᠠᠨ (ᠳ᠋ᠤ᠌ ᠪᠠᠨ)ᠰᠤᠳᠤᠷᠴᠢᠯᠠᠭᠰᠠᠨ ᠨᠣᠮ ᠤ᠋ᠨ ᠬᠠᠭᠤᠳᠠᠰᠤ ᠰᠢᠭ᠋ ᠤᠷᠲᠤᠯᠢᠭ ᠬᠡᠯᠪᠡᠷᠢ ᠲᠡᠢ ᠴᠠᠭᠠᠰᠤᠨ᠎ᠠ ᠮᠣᠩᠭᠣᠯ ᠢ᠋ᠶ᠋ᠠᠷ᠂ ᠬᠤᠯᠤᠰᠤᠨ ᠦᠵᠦᠭ ᠢ᠋ᠶ᠋ᠡᠷ ᠪᠢᠴᠢᠭᠰᠡᠨ ᠪᠤᠶᠤ ᠮᠥᠨ ᠲᠥᠪᠡᠳ ᠦᠰᠦᠭ ᠢ᠋ᠶ᠋ᠡᠷ ᠮᠣᠩᠭᠣᠯ ᠦᠭᠡ ᠶ᠋ᠢ ᠪᠢᠴᠢᠵᠦ ᠡᠨᠳᠡ ᠲᠡᠨᠳᠡ ᠲᠠᠯᠪᠢᠭᠰᠠᠨ ᠢ᠋ ᠭᠠᠮᠢᠩ ᠤ᠋ᠨ ᠴᠠᠭᠳᠠᠨ ᠰᠡᠷᠭᠡᠢᠯᠡᠬᠦ ᠲᠠᠩᠨᠠᠭᠤᠯ᠂ ᠬᠥᠮᠦᠨ ᠦ᠌ ᠬᠥᠯ ᠳ᠋ᠦ᠍ ᠭᠢᠰᠬᠢᠭᠳᠡᠬᠦ ᠦᠭᠡᠢ᠂ ᠨᠣᠬᠠᠢ ᠶ᠋ᠢᠨ ᠰᠢᠭᠡᠰᠦ ᠭᠠᠷᠢ ᠪᠣᠯᠭᠠᠬᠤ ᠦᠭᠡᠢ ᠭᠡᠵᠦ ᠥᠨᠳᠥᠷ ᠴᠢᠯᠠᠭᠤᠨ ᠳᠡᠭᠡᠷ᠎ᠡ ᠬᠠᠢᠷ ᠴᠢᠯᠠᠭᠤ ᠪᠠᠷ ᠳᠠᠷᠤᠭᠤᠯᠵᠤ ᠲᠠᠯᠪᠢᠳᠠᠭ ᠪᠤᠶᠤ ᠬᠦᠷᠳᠦᠨ ᠳ᠋ᠦ᠍ ᠬᠠᠪᠴᠢᠭᠤᠯᠳᠠᠭ᠂ ᠳᠤᠲᠠᠭᠤ ᠲᠠᠮᠲᠤᠭ ᠪᠣᠯᠤᠭᠰᠠᠨ ᠨᠣᠮ ᠤ᠋ᠨ ᠬᠠᠭᠤᠳᠠᠰᠤ ᠭᠡᠵᠦ ᠠᠩᠵᠠᠭᠠᠷᠠᠳᠠᠭ ᠦᠭᠡᠢ ᠪᠠᠢᠵᠠᠢ᠃ 
       ᠲᠡᠳᠡᠭᠡᠷ ᠤᠬᠠᠭᠤᠯᠬᠤ ᠬᠠᠭᠤᠳᠠᠰᠤ᠂ ᠲᠦᠷᠢᠮᠡᠬᠡᠢᠯᠡᠨ ᠡᠵᠡᠯᠡᠭᠴᠢ ᠭᠠᠮᠢᠩ ᠤ᠋ᠨ ᠬᠠᠷᠭᠢᠰ ᠪᠤᠷᠤᠩᠬᠤᠢ ᠶ᠋ᠢ ᠥᠭᠦᠯᠡᠵᠦ᠂ ᠤᠯᠤᠰ ᠣᠯᠠᠨ ᠢ᠋ᠶ᠋ᠠᠨ ᠬᠤᠳᠠᠯᠳᠤᠨ᠂ ᠭᠠᠵᠠᠷ ᠣᠷᠣᠨ ᠢ᠋ ᠭᠠᠮᠢᠩ ᠳ᠋ᠤ᠌ ᠡᠵᠡᠯᠡᠭᠦᠯᠬᠦ ᠳ᠋ᠦ᠍ ᠬᠦᠷᠦᠭᠦᠯᠦᠭᠰᠡᠨ ᠵᠠᠰᠠᠭ ᠤ᠋ᠨ ᠡᠷᠬᠡ ᠪᠠᠷᠢᠭᠴᠢᠳ ᠤ᠋ᠨ ᠤᠷᠪᠠᠨ ᠲᠡᠷᠰᠯᠡᠭᠰᠡᠨ ᠭᠠᠵᠢᠭᠤ ᠪᠣᠳᠣᠯᠭ᠎ᠠ ᠶ᠋ᠢ ᠪᠤᠷᠤᠭᠤᠰᠢᠶᠠᠨ ᠢᠯᠡᠷᠡᠭᠦᠯᠵᠦ᠂ ᠬᠦᠷᠢᠶᠡᠨ ᠳ᠋ᠦ᠍ ᠴᠠᠭᠠᠨᠲᠠᠨ ᠤ᠋ ᠲᠠᠷᠬᠠᠭᠠᠵᠤ ᠪᠠᠢᠭᠰᠠᠨ ᠡᠯᠳᠡᠪ ᠬᠤᠳᠠᠯ ᠴᠤᠤᠷᠬᠠᠯ ᠢ᠋ ᠰᠡᠬᠦᠭᠡᠨ (ᠰᠥᠬᠥᠭᠡᠨ) ᠨᠢᠴᠤᠭᠠᠵᠤ᠂ ᠲᠦᠷᠢᠮᠡᠬᠡᠢᠯᠡᠨ ᠡᠵᠡᠯᠡᠭᠴᠢ ᠨᠠᠷ ᠤ᠋ᠨ ᠪᠦᠬᠦᠢᠯᠡ ᠠᠷᠭ᠎ᠠ ᠶᠠᠪᠤᠭᠤᠯᠤᠯᠭ᠎ᠠ ᠶ᠋ᠢ ᠬᠡᠢᠳᠡᠭᠦᠯᠦᠨ ᠲᠠᠰᠤᠯᠳᠠᠭᠤᠯᠬᠤ ᠶᠠᠪᠤᠳᠠᠯ ᠳ᠋ᠤ᠌ ᠤᠯᠤᠰ ᠢ᠋ᠶ᠋ᠠᠨ ᠪᠣᠳᠣᠬᠤ ᠡᠬᠡ ᠣᠷᠣᠨᠴᠢ ᠬᠥᠮᠦᠰ ᠢ᠋ ᠤᠷᠢᠶᠠᠯᠠᠵᠤ᠂ ᠰᠢᠳᠤᠷᠭᠤ ᠡᠬᠡ ᠣᠷᠣᠨᠴᠢ ᠪᠦᠬᠦᠨ ᠦ᠌ ᠡᠮᠦᠨ᠎ᠡ ᠲᠤᠯᠭᠠᠷᠠᠵᠤ ᠪᠠᠢᠭ᠎ᠠ ᠡᠩ ᠲᠡᠷᠢᠭᠦᠨ ᠦ᠌ ᠴᠢᠬᠤᠯᠠ ᠵᠣᠷᠢᠯᠲᠠ ᠶ᠋ᠢ ᠰᠡᠩᠬᠡᠷᠡᠭᠦᠯᠦᠨ ᠲᠠᠢᠯᠪᠤᠷᠢᠯᠠᠬᠤ ᠠᠵᠤᠭᠤ᠃ 
       ᠲᠡᠳᠡᠭᠡᠷ ᠤᠬᠠᠭᠤᠯᠬᠤ ᠬᠠᠭᠤᠳᠠᠰᠤ᠂ ᠣᠯᠠᠨ ᠤ᠋ ᠨᠢᠳᠦ ᠨᠡᠭᠡᠭᠡᠵᠦ᠂ ᠡᠷᠬᠡ ᠴᠢᠯᠥᠭᠡ ᠲᠡᠢ ᠲᠤᠰᠠᠭᠠᠷ ᠲᠣᠭᠲᠠᠨᠢᠬᠤ ᠶᠠᠪᠤᠳᠠᠯ ᠳ᠋ᠤᠨᠢ ᠴᠣᠬᠣᠮ ᠬᠡᠨ ᠨᠥᠬᠥᠷ᠂ ᠬᠡᠨ ᠳᠠᠢᠰᠤᠨ ᠪᠣᠯᠬᠤ ᠶ᠋ᠢ ᠲᠠᠢᠯᠪᠤᠷᠢᠯᠠᠵᠤ᠂ ᠰᠢᠦᠢ ᠱᠤ᠌ ᠵᠧᠩ᠂ ᠭᠣᠣ ᠰᠧ ᠯᠢᠩ᠂ ᠴᠧᠨ ᠢ ᠶ᠋ᠢᠨ ᠵᠡᠷᠭᠡ ᠡᠲᠡᠭᠡᠳ ᠣᠭᠲᠣ ᠬᠢᠲᠠᠳ ᠤ᠋ᠨ ᠠᠷᠠᠳ ᠲᠦᠮᠡᠨ ᠢ᠋ ᠲᠥᠯᠥᠭᠡᠯᠡᠵᠦ᠂ ᠲᠡᠭᠦᠨ ᠦ᠌ ᠬᠦᠰᠡᠯ ᠵᠣᠷᠢᠯ ᠢ᠋ ᠢᠯᠡᠷᠬᠡᠢᠯᠡᠵᠦ ᠪᠠᠢᠭ᠎ᠠ ᠨᠢ ᠪᠤᠰᠤ ᠶ᠋ᠢ ᠠᠳᠠᠯᠢᠳᠬᠠᠪᠠᠰᠤ᠂ ᠤᠯᠤᠰ ᠢ᠋ᠶ᠋ᠠᠨ ᠬᠤᠳᠠᠯᠳᠤᠵᠤ ᠤᠷᠪᠠᠭᠰᠠᠨ ᠯᠠᠮᠠ ᠨᠣᠶᠠᠳ ᠢ᠋ ᠮᠣᠩᠭᠣᠯ ᠤ᠋ᠨ ᠠᠷᠠᠳ ᠲᠦᠮᠡᠨ ᠢ᠋ ᠲᠥᠯᠥᠭᠡᠯᠡᠵᠦ᠂ ᠲᠡᠭᠦᠨ ᠦ᠌ ᠰᠠᠨᠠᠯ ᠬᠦᠰᠡᠯ ᠢ᠋ ᠢᠯᠡᠷᠬᠡᠢᠯᠡᠵᠦ ᠪᠠᠢᠭ᠎ᠠ ᠭᠡᠵᠦ ᠦᠵᠡᠵᠦ ᠪᠣᠯᠬᠤ ᠦᠭᠡᠢ ᠲᠡᠢ ᠠᠳᠠᠯᠢ ᠪᠠᠢᠭ᠎ᠠ ᠶ᠋ᠢ ᠢᠷᠠᠭᠤ ᠲᠣᠳᠣᠷᠬᠠᠢ ᠪᠠᠷ ᠥᠭᠦᠯᠡᠵᠦ᠂ ᠮᠣᠩᠭᠣᠯ ᠬᠢᠲᠠᠳ ᠬᠣᠶᠠᠷ ᠤᠯᠤᠰ ᠤ᠋ᠨ ᠵᠢᠩᠬᠢᠨᠢ ᠠᠷᠠᠳ ᠲᠦᠮᠡᠨ ᠦ᠌ ᠬᠣᠭᠣᠷᠣᠨᠳᠣ ᠬᠠᠷᠢᠯᠴᠠᠨ ᠳᠠᠢᠰᠤᠩᠨᠠᠬᠤ ᠥᠰᠢᠶ᠎ᠡ ᠨᠢᠭᠡ ᠴᠦ᠍ ᠪᠠᠢᠬᠤ ᠦᠭᠡᠢ᠂ ᠪᠠᠢᠬᠤ ᠴᠤ᠌ ᠶᠣᠰᠣ ᠦᠭᠡᠢ ᠶ᠋ᠢ ᠲᠣᠳᠣᠷᠬᠠᠢ ᠲᠣᠮᠣᠷᠤᠨ ᠢ᠋ᠶ᠋ᠠᠷ ᠥᠭᠦᠯᠡᠬᠦ ᠠᠵᠤᠭᠤ᠃   
      《ᠨᠡᠢᠰᠯᠡᠯ ᠬᠦᠷᠢᠶᠡᠨ ᠦ᠌ ᠰᠣᠨᠢᠨ ᠪᠢᠴᠢᠭ》 ᠭᠡᠳᠡᠭ ᠭᠠᠭᠴᠠ ᠰᠣᠨᠢᠨ ᠢ᠋ ᠭᠠᠷᠬᠤ ᠪᠠᠨ ᠪᠠᠢᠭᠰᠠᠨ ᠠ᠋ᠴᠠ ᠬᠣᠢᠰᠢ᠂ ᠭᠠᠭᠴᠠᠬᠦ ᠳᠠᠮ ᠦᠭᠡ ᠴᠤᠤᠷᠬᠠᠯ ᠢ᠋ᠶ᠋ᠠᠷ ᠪᠠᠢᠳᠠᠭ ᠪᠣᠯᠤᠭᠰᠠᠨ ᠬᠦᠷᠢᠶᠡᠨ᠎ᠡ ᠲᠡᠷᠡ ᠤᠬᠠᠭᠤᠯᠬᠤ ᠬᠠᠭᠤᠳᠠᠰᠤ᠂ ᠲᠡᠷᠡ ᠦᠶ᠎ᠡ ᠳ᠋ᠦ᠍ ᠪᠣᠯᠵᠤ ᠪᠠᠢᠭᠰᠠᠨ ᠡᠯᠳᠡᠪ ᠶᠠᠪᠤᠳᠠᠯ ᠤ᠋ᠨ ᠦᠨᠡᠨ ᠤᠴᠢᠷ ᠤᠳᠬ᠎ᠠ ᠶ᠋ᠢ ᠣᠯᠬᠤ ᠳ᠋ᠤ᠌ ᠠᠷᠠᠳ ᠣᠯᠠᠨ ᠳ᠋ᠤ᠌ ᠲᠤᠰᠠ ᠪᠣᠯᠵᠤ᠂ ᠬᠠᠷᠭᠢᠰ ᠲᠦᠷᠢᠮᠡᠬᠡᠢᠯᠡᠨ ᠡᠵᠡᠯᠡᠭᠴᠢ ᠨᠠᠷ ᠤ᠋ᠨ ᠪᠤᠷᠤᠩᠬᠤᠢ ᠵᠠᠬᠢᠷᠭᠠᠨ ᠠ᠋ᠴᠠ ᠠᠩᠭᠢᠵᠢᠷᠠᠬᠤ ᠶ᠋ᠢᠨ ᠭᠣᠷᠢ ᠲᠥᠷᠥᠭᠦᠯᠵᠦ᠂ ᠵᠣᠷᠢᠭ ᠮᠣᠬᠣᠭᠰᠠᠨ ᠬᠥᠮᠦᠨ ᠦ᠌ ᠤᠷᠮ᠎ᠠ ᠵᠣᠷᠢᠭ ᠢ᠋ ᠬᠥᠭᠵᠢᠭᠦᠯᠵᠦ᠂ ᠠᠷᠠᠳ ᠣᠯᠠᠨ ᠢ᠋ ᠭᠠᠮᠢᠩ ᠲᠠᠢ ᠡᠷᠡᠰᠯᠡᠨ ᠲᠡᠮᠡᠴᠡᠬᠦ ᠶᠠᠪᠤᠳᠠᠯ ᠳ᠋ᠤ᠌ ᠪᠡᠯᠡᠳᠬᠡᠬᠦ ᠶ᠋ᠢ ᠤᠷᠢᠶᠠᠯᠠᠵᠤ ᠪᠠᠢᠭᠰᠠᠨ ᠪᠢᠯᠡ᠃ ᠲᠡᠳᠡᠭᠡᠷ ᠤᠬᠠᠭᠤᠯᠬᠤ ᠬᠠᠭᠤᠳᠠᠰᠤ ᠶ᠋ᠢ ᠬᠥᠮᠦᠨ ᠪᠦᠷᠢ ᠪᠠᠬᠠᠳᠤᠵᠤ᠂ ᠠᠯᠤᠰ ᠬᠥᠳᠡᠭᠡ ᠨᠤᠲᠤᠭ ᠲᠤ᠌ ᠬᠦᠷᠲᠡᠯ᠎ᠡ ᠬᠡᠯᠡᠯᠴᠡᠬᠦ ᠪᠣᠯᠵᠠᠢ᠃  
       ᠲᠦᠷᠢᠮᠡᠬᠡᠢᠯᠡᠨ ᠡᠵᠡᠯᠡᠭᠴᠢ ᠨᠠᠷ ᠰᠠᠨᠳᠤᠷᠴᠠᠭᠠᠵᠤ᠂ ᠲᠡᠷᠡ ᠬᠠᠭᠤᠳᠠᠰᠤ ᠵᠣᠬᠢᠶᠠᠨ ᠲᠠᠷᠬᠠᠵᠤ ᠪᠠᠢᠭ᠎ᠠ ᠨᠢ ᠭᠠᠭᠴᠠ ᠨᠢᠭᠡᠨ ᠬᠥᠮᠦᠨ ᠪᠢᠰᠢ᠂ ᠠᠷᠠᠳ ᠣᠯᠠᠨ ᠲᠠᠢ ᠲᠦᠮᠡᠨ ᠬᠡᠯᠬᠢᠶ᠎ᠡ ᠲᠡᠢ ᠪᠠᠲᠤ ᠨᠢᠭᠡᠳᠦᠯᠲᠡᠢ ᠪᠠᠢᠭᠤᠯᠤᠯᠭ᠎ᠠ ᠪᠠᠢᠭ᠎ᠠ ᠶ᠋ᠢ ᠬᠢᠷᠳ᠋ᠬᠢᠨ ᠮᠡᠳᠡᠪᠡ᠃ ᠲᠡᠷᠡ ᠪᠠᠢᠭᠤᠯᠤᠯᠭ᠎ᠠ ᠶ᠋ᠢᠨ ᠰᠤᠷᠠᠭ ᠮᠥᠷ ᠢ᠋ ᠭᠠᠷᠭᠠᠬᠤ ᠭᠡᠵᠦ ᠴᠠᠭᠳᠠᠨ ᠰᠡᠷᠭᠡᠢᠯᠡᠬᠦ ᠶ᠋ᠢᠨ ᠲᠠᠩᠨᠠᠭᠤᠯ ᠤᠷᠤᠯᠳᠤᠵᠤ ᠶᠠᠳᠠᠭᠠᠳ᠂ ᠬᠠᠮᠤᠭ ᠢ᠋ ᠮᠡᠳᠡᠳᠡᠭ ᠮᠥᠷᠲᠡᠭᠡᠨ ᠬᠠᠮᠢᠭ᠎ᠠ ᠴᠤ᠌ ᠪᠠᠢᠭ᠎ᠠ ᠨᠢ ᠮᠡᠳᠡᠭᠳᠡᠵᠦ ᠥᠭᠬᠦ ᠦᠭᠡᠢ ᠰᠦᠷᠡᠬᠡᠢ ᠨᠢᠭᠤᠴᠠ ᠲᠡᠷᠡ ᠪᠠᠢᠭᠤᠯᠤᠯᠭ᠎ᠠ ᠶ᠋ᠢ ᠶᠠᠭᠠᠬᠢᠵᠤ ᠣᠯᠳᠠᠭ ᠪᠢᠯᠡ ᠭᠡᠵᠦ ᠠᠷᠭ᠎ᠠ ᠰᠠᠮ᠎ᠠ ᠪᠠᠨ ᠪᠠᠷᠠᠵᠠᠢ᠃ ᠰᠢᠦᠢ ᠨᠣᠶᠠᠨ ᠤ᠋ ᠪᠠᠷᠠᠭᠤᠨ ᠭᠠᠷ᠂ ᠨᠢᠭᠤᠴᠠ ᠴᠠᠭᠳᠠᠨ ᠰᠡᠷᠭᠡᠢᠯᠡᠬᠦ ᠶ᠋ᠢᠨ ᠳᠠᠷᠤᠭ᠎ᠠ ᠭᠣᠣ ᠰᠧ ᠯᠢᠩ ᠭᠧᠨᠧᠷᠠᠯ᠂ ᠲᠡᠷᠡ ᠣᠯᠳᠠᠵᠤ ᠥᠭᠳᠡᠭ ᠦᠭᠡᠢ ᠨᠢᠭᠤᠴᠠ ᠪᠠᠢᠭᠤᠯᠤᠯᠭ᠎ᠠ ᠶ᠋ᠢᠨ ᠰᠤᠷᠠᠭ ᠭᠠᠷᠭᠠᠵᠤ ᠶᠠᠳᠠᠭᠠᠳ᠂ ᠲᠡᠰᠬᠡᠯ ᠦᠭᠡᠢ ᠬᠣᠷᠣᠰᠤᠨ ᠠᠭᠤᠷᠰᠠᠵᠤ ᠪᠠᠢᠲᠠᠯ᠎ᠠ᠂ ᠡᠷᠢᠯ ᠬᠢᠵᠦ ᠴᠥᠬᠥᠷᠡᠭᠰᠡᠨ ᠭᠠᠮᠢᠩ ᠤ᠋ᠨ ᠲᠠᠩᠨᠠᠭᠤᠯᠴᠢᠨ ᠤ᠋ ᠬᠥᠭᠡᠭᠡᠴᠡᠯᠳᠦᠬᠦ ᠳ᠋ᠦ᠍ ᠲᠤᠰᠠ ᠪᠣᠯᠬᠤ《ᠦᠭᠡ ᠠᠯᠳᠠᠭᠳᠠᠵᠠᠢ》᠃ ᠪᠣᠭᠳᠠ ᠶ᠋ᠢᠨ ᠳᠡᠷᠭᠡᠳᠡ ᠶ᠋ᠢᠨ ᠨᠢᠭᠡᠨ ᠯᠠᠮᠠ᠂ ᠭᠠᠮᠢᠩ ᠤ᠋ᠨ ᠴᠠᠭᠳᠠᠨ ᠰᠡᠷᠭᠡᠢᠯᠡᠬᠦ ᠶ᠋ᠢᠨ ᠴᠠᠯᠢᠩ ᠲᠠᠢ ᠨᠢᠭᠡ ᠭᠣᠶᠣ ᠬᠡᠦᠬᠡᠨ ᠳ᠋ᠦ᠍ ᠦᠭᠡ ᠠᠯᠳᠠᠵᠤ᠂ ᠤᠯᠠᠭᠠᠨ ᠣᠷᠣᠰ ᠲᠤ᠌ ᠪᠣᠭᠳᠠ ᠬᠠᠭᠠᠨ ᠪᠢᠴᠢᠭ ᠶᠠᠪᠤᠭᠤᠯᠤᠭᠰᠠᠨ ᠭᠡᠵᠦ ᠳᠤᠷᠠᠳᠴᠠᠢ᠃ 
       ᠰᠠᠢᠬᠠᠨ ᠬᠡᠦᠬᠡᠨ ᠦ᠌ ᠥᠩᠭᠡᠨ ᠳ᠋ᠦ᠍ ᠲᠠᠴᠢᠶᠠᠭᠰᠠᠨ ᠳᠡᠷᠭᠡᠳᠡ ᠶ᠋ᠢᠨ ᠲᠡᠷᠡ ᠬᠡᠦᠬᠡᠨᠰᠡᠭ ᠯᠠᠮᠪᠠ ᠭᠤᠸᠠᠢ᠂ ᠡᠷᠬᠡ ᠲᠠᠩᠬᠢᠯ ᠵᠠᠩ ᠲᠠᠢ ᠲᠡᠷᠡ ᠰᠠᠢᠬᠠᠨ ᠬᠡᠦᠬᠡᠨ ᠳ᠋ᠦ᠍ ᠨᠢᠭᠤᠷ ᠣᠯᠬᠤ ᠭᠡᠵᠦ ᠡᠯᠳᠡᠪ ᠢ᠋ᠶ᠋ᠡᠷ ᠤᠷᠤᠯᠳᠤᠵᠤ ᠪᠠᠢᠭᠠᠳ᠂ ᠬᠠᠭᠠᠨ ᠰᠠᠶᠢᠬᠠᠨ ᠭᠤᠷᠪᠠᠨ ᠨᠢᠭᠤᠴᠠ ᠵᠠᠬᠢᠶᠠᠨ ᠳ᠋ᠤ᠌ ᠮᠣᠳᠣᠷ ᠤ᠋ᠨ ᠲᠡᠮᠳᠡᠭ ᠳᠠᠷᠤᠵᠤ ᠥᠭᠪᠡ᠃ ᠨᠢᠭᠡ ᠵᠠᠬᠢᠶ᠎ᠠ ᠶ᠋ᠢ ᠵᠠᠭᠠᠯᠬᠠᠩᠵᠠ ᠬᠤᠲᠤᠭᠲᠤ ᠳᠠᠮᠳᠢᠨᠪᠠᠵᠠᠷ ᠲᠤ᠌ ᠣᠯᠭᠣᠵᠤ᠂ ᠠᠮᠧᠷᠢᠺᠠ ᠶ᠋ᠢᠨ ᠶᠡᠷᠦᠩᠬᠡᠢᠯᠡᠭᠴᠢ ᠡᠴᠡ ᠲᠤᠰᠠᠯᠠᠮᠵᠢ ᠭᠤᠶᠤᠵᠠᠢ᠃ ᠪᠠᠰᠠ ᠨᠢᠭᠡ ᠵᠠᠬᠢᠶ᠎ᠠ ᠶ᠋ᠢ ᠰᠢᠳᠠᠷ ᠰᠠᠢᠳ ᠰᠡᠴᠡᠨ ᠸᠠᠩ ᠳ᠋ᠤ᠌ ᠣᠯᠭᠣᠵᠤ᠂ ᠶᠠᠫᠣᠨ ᠠ᠋ᠴᠠ ᠲᠤᠰᠠᠯᠠᠮᠵᠢ ᠭᠤᠶᠤᠵᠤ᠂ ᠨᠢᠭᠡ ᠵᠠᠬᠢᠳᠠᠯ ᠢ᠋ ᠶᠡᠬᠡ ᠱᠠᠪᠢ ᠶ᠋ᠢᠨ ᠵᠠᠢᠰᠠᠩ ᠵᠠᠮᠢᠶᠠᠨ ᠳ᠋ᠤ᠌ ᠣᠯᠭᠣᠵᠤ᠂ ᠲᠦᠷᠢᠮᠡᠬᠡᠢᠯᠡᠨ ᠡᠵᠡᠯᠡᠭᠴᠢ ᠭᠠᠮᠢᠩ ᠢ᠋ ᠡᠰᠡᠷᠭᠦᠴᠡᠬᠦ ᠳ᠋ᠦ᠍ ᠲᠤᠰᠠᠯᠠᠮᠵᠢ ᠣᠯᠭᠣᠮᠤ ᠭᠡᠵᠦ ᠵᠥᠪᠯᠡᠯᠲᠦ ᠣᠷᠣᠰ ᠠ᠋ᠴᠠ ᠭᠤᠶᠤᠪᠠ᠃  
       ᠵᠠᠮᠢᠶᠠᠨ ᠤ᠋ ᠵᠠᠬᠢᠳᠠᠯ ᠳ᠋ᠤ᠌ ᠲᠡᠮᠳᠡᠭ ᠳᠠᠷᠤᠬᠤ ᠶ᠋ᠢᠨ ᠡᠮᠦᠨ᠎ᠡ ᠬᠠᠭᠠᠨ ᠡᠳᠦᠷᠵᠢᠨ ᠪᠣᠳᠣᠯᠭ᠎ᠠ ᠪᠣᠳᠣᠵᠤ᠂ ᠭᠠᠭᠴᠠᠬᠦ ᠭᠦᠨ ᠰᠥᠨᠢ ᠪᠣᠯᠤᠭᠰᠠᠨ ᠬᠣᠢᠨ᠎ᠠ ᠰᠠᠢ᠍ᠢ(ᠰᠠᠶᠢ) ᠰᠠᠨᠠᠯ ᠲᠣᠭᠲᠠᠭᠠᠳ᠂ ᠭᠠᠨᠳᠠᠩ ᠵᠡᠭᠦᠨ ᠬᠦᠷᠢᠶ᠎ᠡ ᠬᠣᠶᠠᠷ ᠠ᠋ᠴᠠ ᠭᠤᠷᠪᠠᠨ ᠲᠥᠯᠭᠡᠴᠢ ᠵᠢᠷᠤᠬᠠᠢᠴᠢ ᠠ᠋ᠴᠠ ᠬᠠᠷᠢᠭᠤ ᠠᠪᠤᠭᠰᠠᠨ ᠬᠣᠢᠨ᠎ᠠ ᠲᠡᠮᠳᠡᠭ ᠢ᠋ᠶ᠋ᠡᠨ ᠳᠠᠷᠤᠵᠠᠢ ᠭᠡᠵᠦ ᠲᠡᠷᠡ ᠬᠡᠦᠬᠡᠨ ᠳ᠋ᠦ᠍ ᠥᠨᠥᠬᠢ ᠥᠩᠭᠡᠨ ᠳ᠋ᠦ᠍ ᠰᠢᠨᠤᠭᠴᠢ ᠯᠠᠮᠠ ᠶ᠋ᠢᠨ ᠶᠠᠷᠢᠭᠰᠠᠨ ᠨᠢ᠂ ᠭᠠᠨᠳᠠᠩ ᠤ᠋ᠨ ᠯᠠᠮᠠ᠂ ᠳᠠᠮᠳᠢᠨᠰᠦ᠋ᠷᠦᠩ ᠭᠠᠪᠵᠤ ᠭᠡᠳᠡᠭ ᠱᠣ ᠳ᠋ᠤ᠌ ᠮᠡᠷᠭᠡᠨ ᠨᠢᠭᠡᠨ ᠲᠥᠯᠭᠡᠴᠢ ᠱᠣ ᠣᠷᠬᠢᠵᠤ ᠦᠵᠡᠭᠡᠳ ᠤᠯᠠᠭᠠᠨ ᠣᠷᠣᠰ ᠡᠴᠦᠰ ᠲᠡᠭᠡᠨ(ᠲᠤ᠌ ᠪᠡᠨ) ᠯᠠᠪ ᠲᠤᠰᠠᠯᠠᠵᠤ ᠴᠢᠳᠠᠨ᠎ᠠ᠃ ᠡᠨᠡ ᠳᠠᠷᠤᠢ ᠶᠠᠭᠠᠷᠠᠪᠴᠢᠯᠠᠪᠠᠯ᠂ ᠲᠤᠰᠠᠯᠠᠬᠤ ᠡᠰᠡᠬᠦ ᠶ᠋ᠢ ᠢᠯᠭᠠᠪᠤᠷᠢ ᠲᠣᠳᠣᠷᠬᠠᠢ ᠭᠠᠷᠬᠤ ᠦᠭᠡᠢ ᠪᠠᠢᠨ᠎ᠠ ᠭᠡᠵᠡᠢ᠃ 
       ᠵᠡᠭᠦᠨ ᠬᠦᠷᠢᠶᠡᠨ ᠦ᠌ ᠶᠡᠬᠡ ᠨᠣᠮ ᠲᠠᠢ ᠴᠦᠯᠲᠦᠮ ᠵᠢᠷᠤᠬᠠᠢᠴᠢ ᠶ᠋ᠢᠨ ᠬᠠᠷᠢᠭᠤᠯᠤᠭᠰᠠᠨ ᠨᠢ᠂ ᠵᠣᠷᠢᠭᠰᠠᠨ ᠬᠡᠷᠡᠭ ᠯᠠᠪᠲᠠᠢ ᠪᠦᠲᠦᠨ᠎ᠡ᠃ ᠶᠡᠷᠦ ᠰᠠᠭᠠᠳ ᠲᠣᠳᠬᠠᠷ ᠪᠣᠯᠬᠤ ᠵᠦᠢᠯ ᠦᠭᠡᠢ ᠭᠡᠵᠡᠢ᠃ 
       ᠵᠡᠭᠦᠨ ᠬᠦᠷᠢᠶᠡᠨ ᠦ᠌ ᠯᠠᠮᠠ ᠨᠠᠷ ᠤ᠋ᠨ ᠠᠢᠮᠠᠭ ᠤ᠋ᠨ ᠯᠣᠪᠣᠨ ᠴᠡᠷᠡᠨᠳᠣᠷᠵᠢ ᠭᠡᠭᠴᠢ ᠬᠠᠷᠢᠭᠤ ᠬᠡᠯᠡᠬᠦ ᠳ᠋ᠡᠭᠡᠨ(ᠳ᠋ᠦ᠍ ᠪᠡᠨ)᠂ ᠡᠢᠨᠬᠦ(ᠡᠨᠡ ᠬᠦ᠌) ᠤᠯᠤᠰ ᠲᠠᠢ ᠭᠡᠷ᠎ᠡ ᠦᠢᠯᠡᠳᠬᠦ ᠳ᠋ᠦ᠍ ᠶᠡᠷᠦ ᠬᠠᠷᠰᠢᠯᠠᠬᠤ ᠰᠢᠯᠲᠠᠭᠠᠨ ᠦᠭᠡᠢ᠃ ᠤᠯᠤᠰ ᠤ᠋ᠨ ᠶᠡᠷᠦᠩᠬᠡᠢ ᠳ᠋ᠦ᠍ ᠲᠥᠯᠭᠡ ᠶ᠋ᠢᠨ ᠵᠢᠭᠠᠪᠤᠷᠢ ᠳ᠋ᠤ᠌ ᠪᠠᠭᠤᠭᠰᠠᠨ ᠨᠢ᠂ ᠦᠯᠢᠭᠡᠷᠯᠡᠪᠡᠰᠦ᠂ ᠴᠠᠰᠤᠲᠤ ᠠᠭᠤᠯᠠ ᠶ᠋ᠢᠨ ᠴᠠᠭᠠᠨ ᠠᠷᠰᠯᠠᠨ ᠣᠢ ᠳ᠋ᠤ᠌ ᠡᠷᠬᠡᠰᠢᠭᠰᠡᠨ ᠪᠠ ᠬᠠᠨ ᠭᠠᠷᠤᠳᠢ ᠵᠢᠭᠦᠷ ᠢ᠋ ᠲᠡᠯᠡᠵᠦ(ᠳᠡᠯᠢᠵᠦ) ᠠᠭᠠᠷ ᠲᠤ᠌ ᠬᠠᠯᠢᠭᠰᠠᠨ ᠠᠳᠠᠯᠢ ᠬᠦᠴᠦᠨ ᠲᠡᠭᠦᠯᠳᠡᠷ ᠢ᠋ᠶ᠋ᠡᠷ ᠪᠦᠷᠢᠳᠴᠦ᠂ ᠬᠡᠨ ᠴᠦ᠍ ᠬᠠᠯᠬᠠᠯᠠᠨ ᠴᠢᠳᠠᠬᠤ ᠦᠭᠡᠢ ᠭᠡᠰᠡᠨ ᠪᠣᠯᠠᠢ ᠭᠡᠵᠦ ᠬᠠᠷᠢᠭᠤ ᠬᠡᠯᠡᠵᠡᠢ᠃ 
       ᠲᠥᠯᠭᠡᠴᠢ ᠵᠢᠷᠤᠬᠠᠢᠴᠢ ᠨᠠᠷ ᠤ᠋ᠨ ᠲᠡᠷᠡ ᠬᠠᠷᠢᠭᠤ ᠶ᠋ᠢ ᠣᠯᠵᠤ ᠠᠪᠤᠭᠠᠳ᠂ ᠬᠠᠭᠠᠨ ᠭᠦᠨ ᠪᠣᠳᠣᠯᠭ᠎ᠠ ᠪᠣᠯᠵᠤ᠂ ᠬᠡᠷᠬᠢᠬᠦ ᠶ᠋ᠢ ᠪᠢᠰᠢᠯᠭᠠᠨ ᠰᠠᠭᠤᠭᠰᠠᠭᠠᠷ ᠰᠥᠨᠢ ᠳᠦᠯᠢ ᠶ᠋ᠢᠨ ᠦᠶᠡᠰ ᠰᠠᠢ᠍ᠢ (ᠰᠠᠶᠢ) ᠲᠡᠷᠡ ᠵᠠᠬᠢᠳᠠᠯ ᠳ᠋ᠤ᠌ ᠮᠣᠳᠣᠷ ᠤ᠋ᠨ ᠲᠡᠮᠳᠡᠭ ᠳᠠᠷᠤᠪᠠ᠃ * 
       ᠮᠢᠨᠦ ᠪᠣᠳᠣᠬᠤ ᠳ᠋ᠤ᠌᠂ ᠬᠠᠭᠠᠨ᠂ ᠲᠡᠷᠡᠬᠦ(ᠲᠡᠷᠡ ᠬᠦ᠌) ᠤᠯᠠᠭᠠᠨ ᠣᠷᠣᠰ ᠲᠤ᠌ ᠶᠠᠪᠤᠭᠤᠯᠬᠤ ᠵᠠᠬᠢᠳᠠᠯ ᠢ᠋ ᠲᠡᠳᠦᠢ ᠯᠡ ᠴᠢᠬᠤᠯᠠ ᠳ᠋ᠤ᠌ ᠦᠵᠡᠭᠰᠡᠨ ᠦᠭᠡᠢ᠂ ᠨᠥᠭᠦᠭᠡ ᠬᠣᠶᠠᠷ ᠪᠢᠴᠢᠭ ᠢ᠋ ᠯᠠᠪ ᠬᠡᠷᠡᠭ ᠪᠦᠲᠦᠭᠡᠵᠦ ᠥᠭᠬᠦ ᠪᠠᠢᠬᠤ ᠭᠡᠵᠦ ᠪᠣᠳᠣᠭᠰᠠᠨ ᠪᠣᠯᠤᠯᠲᠠᠢ᠃ ᠲᠡᠷᠡ ᠬᠠᠮᠤᠭ ᠤ᠋ᠨ ᠰᠡᠭᠦᠯᠴᠢ ᠶ᠋ᠢᠨ ᠵᠠᠬᠢᠶ᠎ᠠ ᠶ᠋ᠢ ᠱᠠᠪᠢ ᠶ᠋ᠢᠨ ᠵᠠᠢᠰᠠᠩ ᠵᠠᠮᠢᠶᠠᠨ ᠥᠪᠡᠷ ᠢ᠋ᠶ᠋ᠡᠨ ᠵᠣᠬᠢᠶᠠᠵᠤ ᠪᠢᠴᠢᠭᠰᠡᠨ ᠢ᠋ ᠪᠣᠭᠳᠠ ᠬᠠᠭᠠᠨ᠂ ᠮᠣᠳᠣᠷ ᠤ᠋ᠨ ᠲᠡᠮᠳᠡᠭ ᠳᠠᠷᠤᠵᠤ ᠪᠠᠲᠤᠯᠠᠬᠤ ᠳ᠋ᠠᠭᠠᠨ(ᠳ᠋ᠤ᠌ ᠪᠠᠨ)᠂ ᠭᠠᠭᠴᠠ ᠬᠦ᠌ ᠵᠠᠮᠢᠶᠠᠨ ᠤ᠋ ᠵᠠᠬᠢᠳᠠᠯ ᠤ᠋ᠨ ᠲᠥᠯᠥᠭᠡ ᠬᠦᠴᠦᠯᠡᠨ ᠭᠤᠶᠤᠭᠰᠠᠨ ᠳᠦᠢᠩᠭᠡᠷ ᠦ᠋ᠨ ᠳᠡ ᠯᠠᠮᠠ ᠫᠤᠩᠴᠤᠭᠳᠣᠷᠵᠢ ᠶ᠋ᠢᠨ ᠨᠢᠭᠤᠷ ᠢ᠋ ᠪᠣᠳᠣᠭᠰᠠᠨ ᠪᠣᠯᠤᠯᠲᠠᠢ᠃ ᠲᠡᠮᠳᠡᠭ ᠳᠠᠷᠤᠬᠤ ᠦᠭᠡᠢ ᠭᠡᠬᠦ ᠳ᠋ᠦ᠍᠂ ᠳᠡ ᠯᠠᠮᠠ᠂ ᠪᠣᠭᠳᠠ ᠶ᠋ᠢ ᠨᠥᠭᠦᠭᠡ ᠬᠣᠶᠠᠷ ᠵᠠᠬᠢᠳᠠᠯ ᠳ᠋ᠤ᠌ ᠲᠡᠮᠳᠡᠭ ᠳᠠᠷᠤᠭᠰᠠᠨ ᠢ᠋ ᠦᠵᠡᠭᠰᠡᠨ ᠲᠤᠯᠠ᠂ ᠰᠢᠭᠤᠳ ᠦᠭᠡᠢ ᠭᠡᠵᠦ ᠠᠷᠠᠢ ᠪᠣᠯᠬᠤ ᠦᠭᠡᠢ ᠪᠠᠢᠵᠤ ᠳᠠ ᠭᠡᠵᠦ ᠲᠡᠷᠡ ᠯᠠᠮᠠ᠂ ᠥᠨᠥᠬᠢ ᠬᠡᠦᠬᠡᠨ ᠳ᠋ᠦ᠍ ᠲᠣᠳᠣᠨᠤᠯᠤᠨ ᠶᠠᠷᠢᠵᠠᠢ᠃ 
       ᠭᠣᠣ ᠰᠧ ᠯᠢᠩ ᠲᠡᠷᠡ ᠮᠡᠳᠡᠭᠡ ᠶ᠋ᠢ ᠰᠣᠨᠣᠰᠤᠮᠠᠭᠴᠠ ᠠᠯᠠᠭ᠎ᠠ ᠪᠠᠨ ᠢᠯᠢᠨ ᠪᠠᠶᠠᠷᠯᠠᠵᠤ᠂ ᠲᠡᠷᠡ ᠰᠠᠢᠬᠠᠨ ᠬᠡᠦᠬᠡᠨ ᠳ᠋ᠦ᠍ ᠶᠡᠬᠡ ᠱᠠᠩ ᠥᠭᠭᠦᠭᠡᠳ᠂ ᠥᠨᠥᠬᠢ ᠯᠠᠮᠠ ᠶ᠋ᠢ ᠡᠷᠬᠡᠨ ᠳ᠋ᠦ᠍ ᠪᠡᠨ ᠣᠷᠣᠭᠤᠯᠵᠤ᠂ ᠨᠢᠳᠦᠨ ᠪᠠᠯᠠᠢ ᠬᠠᠭᠠᠨ ᠤ᠋ ᠠᠯᠬᠤᠮ ᠪᠦᠷᠢ ᠶ᠋ᠢ ᠢᠩᠭᠢᠪᠡ ᠴᠢᠩᠭᠢᠪᠡ ᠭᠡᠵᠦ ᠮᠡᠳᠡᠭᠡᠯᠡᠬᠦ ᠥᠪᠡᠷ ᠦ᠋ᠨ ᠲᠠᠯ᠎ᠠ ᠶ᠋ᠢᠨ ᠬᠥᠮᠦᠨ ᠪᠣᠯᠭᠠᠵᠠᠢ᠃ ᠲᠡᠭᠡᠭᠡᠳ ᠭᠤᠷᠪᠠᠨ ᠵᠠᠬᠢᠳᠠᠯ ᠶᠠᠪᠤᠭᠤᠯᠤᠭᠰᠠᠨ ᠭᠡᠵᠦ ᠥᠨᠥᠬᠢ ᠯᠠᠮᠠ ᠶ᠋ᠢᠨ ᠶᠠᠷᠢᠭᠰᠠᠨ ᠠ᠋ᠴᠠ ᠭᠠᠮᠢᠩ ᠭᠠᠭᠴᠠ ᠬᠦ᠌ ᠣᠷᠣᠰ ᠤᠯᠤᠰ ᠲᠤ᠌  ᠶᠠᠪᠤᠭᠤᠯᠤᠭᠰᠠᠨ ᠵᠠᠬᠢᠳᠠᠯ ᠠ᠋ᠴᠠ ᠠᠶᠤᠨ ᠡᠮᠢᠶᠡᠬᠦ ᠲᠤᠯᠠ᠂ ᠲᠡᠷᠡ ᠲᠤᠬᠠᠢ ᠮᠡᠳᠡᠭᠡ ᠪᠠᠢᠳᠠᠯ ᠢ᠋ ᠰᠠᠮ ᠵᠠᠩᠰᠢᠯᠠᠨ ᠲᠠᠩᠨᠠᠪᠠᠰᠤ᠂ ᠪᠣᠭᠳᠠ ᠬᠠᠭᠠᠨ ᠳ᠋ᠤ᠌ ᠲᠡᠷᠡ ᠵᠠᠬᠢᠳᠠᠯ ᠢ᠋ ᠦᠵᠡᠭᠦᠯᠬᠦ ᠶ᠋ᠢᠨ ᠡᠮᠦᠨ᠎ᠡ ᠳᠡ ᠬᠦᠷᠢᠶᠡᠨ ᠡᠴᠡ ᠴᠣᠢᠪᠠᠯᠰᠠᠩ᠂ ᠣᠷᠣᠰ ᠲᠠᠢ ᠵᠠᠬ᠎ᠠ ᠨᠡᠢᠯᠡᠭᠰᠡᠨ ᠬᠢᠵᠠᠭᠠᠷ ᠢ᠋ ᠰᠠᠢᠨ ᠮᠡᠳᠡᠬᠦ ᠨᠢᠭᠡᠨ ᠲᠦᠰᠢᠮᠡᠯ ᠳᠠᠭᠠᠭᠤᠯᠤᠨ᠂ ᠦᠯᠦ ᠮᠡᠳᠡᠭᠳᠡᠬᠦ ᠵᠦᠭ ᠰᠠᠮ ᠵᠠᠢᠯᠠᠨ ᠣᠳᠤᠭᠰᠠᠨ ᠮᠡᠳᠡᠭᠡ ᠢᠷᠡᠪᠡ᠃ ᠲᠡᠷᠡ ᠴᠣᠢᠪᠠᠯᠰᠠᠩ ᠭᠡᠳᠡᠭ ᠬᠥᠮᠦᠨ᠂ ᠥᠪᠡᠷᠲᠡᠭᠡᠨ ᠵᠠᠰᠠᠬᠤ ᠮᠣᠩᠭᠣᠯ ᠤᠯᠤᠰ ᠤ᠋ᠨ ᠭᠠᠳᠠᠭᠠᠳᠤ ᠶᠠᠪᠤᠳᠠᠯ ᠤ᠋ᠨ ᠶᠠᠮᠤᠨ ᠤ᠋ ᠰᠠᠢᠳ ᠪᠥᠭᠡᠳ ᠰᠤᠷᠭᠠᠭᠤᠯᠢ ᠶ᠋ᠢᠨ ᠶᠠᠪᠤᠳᠠᠯ ᠢ᠋ ᠬᠠᠪᠰᠤᠷᠤᠨ ᠡᠷᠬᠡᠯᠡᠵᠦ ᠪᠠᠢᠭᠰᠠᠨ᠂ ᠮᠥᠨ ᠣᠷᠣᠰ ᠲᠤ᠌ ᠶᠡᠬᠡ ᠡᠯᠢᠭᠡ ᠲᠡᠢ ᠭᠡᠵᠦ ᠪᠠᠢᠭᠰᠠᠨ᠂ ᠬᠡᠳᠦᠢᠨ ᠨᠠᠰᠤᠨ ᠠ᠋ᠴᠠ ᠨᠥᠭᠴᠢᠭᠰᠡᠨ ᠬᠠᠨᠳᠠ ᠸᠠᠩ ᠤ᠋ᠨ ᠠᠯᠢ ᠲᠦᠷᠦᠭᠦᠨ ᠣᠷᠣᠰ ᠤᠯᠤᠰ ᠲᠤ᠌ ᠰᠢᠨ᠎ᠡ ᠴᠠᠭ ᠤ᠋ᠨ ᠰᠤᠷᠭᠠᠭᠤᠯᠢ ᠬᠢᠬᠦ ᠭᠡᠵᠦ ᠶᠠᠪᠤᠭᠤᠯᠤᠭᠰᠠᠨ ᠬᠡᠳᠦᠨ ᠵᠠᠯᠠᠭᠤᠴᠤᠳ ᠤ᠋ᠨ ᠨᠢᠭᠡ ᠨᠢ ᠪᠠᠢᠵᠠᠢ᠃ ᠣᠷᠣᠰ ᠤᠯᠤᠰ ᠲᠤ᠌ ᠣᠺᠲ᠋ᠤᠪᠧᠷ ᠦ᠋ᠨ ᠬᠤᠪᠢᠰᠬᠠᠯ ᠭᠠᠷᠤᠮᠠᠭᠴᠠ᠂ ᠬᠦᠷᠢᠶᠡᠨ ᠦ᠌ ᠵᠠᠰᠠᠭ ᠤ᠋ᠨ ᠭᠠᠵᠠᠷ ᠲᠡᠷᠡ ᠬᠡᠳᠦᠨ ᠰᠤᠷᠤᠭᠴᠢᠳ ᠢ᠋ ᠣᠯᠠᠨ᠎ᠠ ᠡᠷᠭᠦᠭᠳᠡᠭᠰᠡᠨ ᠦ᠌ ᠵᠠᠰᠠᠭ ᠤ᠋ᠨ ᠭᠠᠵᠠᠷ ᠲᠤ᠌ ᠬᠣᠣᠷᠲᠠᠢ᠂ ᠦᠯᠦ ᠵᠣᠬᠢᠬᠤ ᠰᠠᠨᠠᠭ᠎ᠠ ᠰᠤᠷᠲᠠᠯ ᠲᠠᠢ ᠪᠣᠯᠭᠤᠵᠢᠨ ᠭᠡᠵᠦ ᠬᠡᠳᠦᠢᠨ ᠠᠶᠤᠨ ᠪᠣᠯᠭᠣᠮᠵᠢᠯᠠᠵᠤ᠂ ᠴᠣᠢᠪᠠᠯᠰᠠᠩ ᠢ᠋ ᠪᠤᠰᠤᠳ ᠰᠤᠷᠤᠭᠴᠢ ᠨᠥᠬᠥᠳ ᠦ᠋ᠨ ᠬᠠᠮᠲᠤᠪᠠᠷ ᠬᠦᠷᠢᠶᠡᠨ᠎ᠡ ᠲᠡᠳᠡᠨ ᠪᠤᠴᠠᠭᠠᠭᠰᠠᠨ ᠪᠠᠢᠵᠠᠢ᠃  
       ᠨᠢᠭᠲᠠᠯᠠᠨ ᠨᠠᠷᠢᠪᠴᠢᠯᠠᠪᠠᠯ᠂ ᠪᠠᠭ᠎ᠠ ᠳ᠋ᠠᠭᠠᠨ( ᠳ᠋ᠤ᠌ ᠪᠠᠨ) ᠵᠠᠮᠢᠶᠠᠨ ᠢ᠋ᠶ᠋ᠠᠷ ᠮᠣᠩᠭᠣᠯ ᠦᠰᠦᠭ ᠪᠢᠴᠢᠭ ᠵᠢᠭᠠᠯᠭᠠᠵᠤ᠂ ᠪᠠᠭᠰᠢ ᠱᠠᠪᠢ ᠭᠡᠵᠦ ᠶᠠᠪᠤᠭᠰᠠᠨ ᠪᠥᠭᠡᠳ ᠬᠣᠵᠢᠮ ᠮᠣᠩᠭᠣᠯ ᠴᠡᠷᠢᠭ ᠦ᠋ᠨ ᠳᠠᠢᠴᠢᠨ ᠳᠠᠷᠤᠭ᠎ᠠ ᠨᠠᠷ ᠤ᠋ᠨ ᠨᠢᠭᠡ ᠨᠢ ᠪᠣᠯᠵᠤ᠂ ᠠᠦ᠋ᠲ᠋ᠣᠨᠣᠮᠢ ᠶ᠋ᠢᠨ ᠦᠶᠡᠰ ᠴᠡᠷᠢᠭ ᠦ᠋ᠨ ᠭᠠᠪᠢᠶ᠎ᠠ ᠪᠠᠢᠭᠤᠯᠵᠤ ᠠᠷᠠᠳ ᠣᠯᠠᠨ ᠳ᠋ᠤ᠌ ᠬᠦᠨᠳᠦᠲᠡᠢ ᠪᠠᠭᠠᠲᠤᠷ ᠴᠣᠯᠠ ᠪᠠᠷ ᠱᠠᠩᠨᠠᠭᠤᠯᠤᠭᠰᠠᠨ ᠰᠦᠬᠡ ᠭᠡᠳᠡᠭ ᠬᠥᠮᠦᠨ᠂ ᠪᠣᠭᠳᠠ ᠬᠠᠭᠠᠨ ᠢ᠋ ᠣᠷᠣᠰ ᠤᠯᠤᠰ ᠠ᠋ᠴᠠ ᠲᠤᠰᠠᠯᠠᠮᠵᠢ ᠭᠤᠶᠤᠬᠤ ᠪᠢᠴᠢᠭ ᠲᠦ᠍ ᠮᠣᠳᠣᠷ ᠤ᠋ᠨ ᠲᠡᠮᠳᠡᠭ ᠳᠠᠷᠤᠭᠰᠠᠨ ᠤ᠋ ᠳᠠᠷᠠᠭ᠎ᠠ ᠬᠡᠳᠦᠨ ᠨᠥᠬᠥᠳ ᠦ᠋ᠨ ᠬᠠᠮᠲᠤ ᠰᠠᠮ ᠠᠯᠠᠭ᠎ᠠ ᠪᠣᠯᠤᠭᠰᠠᠨ ᠪᠠᠢᠪᠠ᠃ 
       ᠡᠯ᠎ᠡ ᠮᠡᠳᠡᠭᠡ ᠣᠯᠵᠤ ᠰᠣᠨᠣᠰᠤᠭᠠᠳ᠂ ᠭᠣᠣ ᠰᠧ ᠯᠢᠩ᠂ ᠬᠠᠮᠢᠶᠠᠷᠤᠭᠰᠠᠨ ᠰᠠᠢᠳ ᠰᠠᠮᠪᠤᠤ ᠭᠡᠳᠡᠭ ᠬᠠᠷᠠᠴᠢᠨ ᠮᠣᠩᠭᠣᠯ ᠲᠠᠢ ᠨᠡᠯᠢᠶᠡᠳ ᠰᠢᠷᠦᠭᠦᠨ ᠢ᠋ᠶ᠋ᠡᠷ ᠠᠪᠤᠯᠴᠠᠨ ᠲᠤᠯᠵᠤ᠂ ᠭᠠᠵᠠᠷ ᠣᠷᠣᠨ ᠤ᠋ ᠪᠠᠢᠳᠠᠯ᠂ ᠬᠥᠮᠦᠨ ᠠᠮᠢᠲᠠᠨ ᠤ᠋ ᠵᠠᠩ ᠰᠤᠷᠲᠠᠯ ᠢ᠋ ᠮᠡᠳᠡᠨ᠎ᠡ ᠭᠡᠵᠦ ᠲᠠᠨ ᠤ᠋ ᠭᠠᠢᠬᠠᠭᠤᠯᠳᠠᠭ ᠲᠠᠨᠢ ᠠᠯᠢ ᠪᠣᠢ? ᠮᠠᠯᠠᠭᠠᠢ ᠳᠡᠭᠡᠷ᠎ᠡ ᠪᠡᠨ ᠨᠣᠶᠠᠳ ᠤ᠋ᠨ ᠵᠢᠩᠰᠡ ᠵᠡᠭᠦᠭᠰᠡᠨ ᠳᠡᠪᠡᠯ ᠦ᠋ᠨ ᠡᠯᠭᠦᠭᠦᠷ ᠦ᠋ᠳ ᠦ᠋ᠨ ᠬᠣᠢᠨ᠎ᠠ ᠠ᠋ᠴᠠ ᠲᠠᠨ ᠤ᠋ ᠬᠥᠭᠡᠭᠡᠴᠡᠯᠳᠦᠵᠦ ᠪᠠᠢᠬᠤ ᠳ᠋ᠤ᠌᠂ ᠪᠢᠳᠡᠨ ᠦ᠌ ᠣᠭᠲᠣ ᠮᠡᠳᠡᠵᠦ ᠴᠢᠳᠠᠭ᠎ᠠ ᠦᠭᠡᠢ ᠡᠳᠦᠢ ᠲᠡᠳᠦᠢ ᠬᠡᠷᠡᠭ ᠶᠠᠪᠤᠳᠠᠯ ᠡᠨᠳᠡ ᠢᠩᠭᠢᠵᠦ ᠭᠠᠷᠴᠤ ᠪᠠᠢᠭᠰᠠᠨ ᠪᠠᠢᠨ᠎ᠠ᠃ ᠲᠠᠨ ᠢ᠋ ᠪᠢᠳᠡᠨ ᠳ᠋ᠦ᠍ ᠠᠷᠤ ᠮᠣᠩᠭᠣᠯ ᠤ᠋ᠨ ᠨᠠᠶᠠᠨ ᠨᠢᠭᠡᠨ ᠰᠢᠳᠢᠲᠡᠨ ᠬᠤᠲᠤᠭᠲᠤ ᠯᠠᠮᠠ ᠨᠠᠷ ᠤ᠋ᠨ ᠰᠡᠳᠬᠢᠯ ᠰᠠᠨᠠᠭ᠎ᠠ ᠶ᠋ᠢ ᠳᠠᠭᠠᠭᠤᠯᠪᠠᠯ᠂ ᠣᠯᠠᠨ ᠤ᠋ ᠰᠡᠳᠬᠢᠯ ᠢ᠋ ᠣᠯᠵᠤ ᠪᠣᠯᠤᠨ᠎ᠠ ᠭᠡᠵᠦ ᠦᠯᠢᠭᠡᠷ ᠰᠢᠭ ᠶᠠᠭᠤᠮ᠎ᠠ ᠳᠣᠩᠭᠣᠰᠴᠤ ᠪᠠᠢᠬᠤ ᠵᠠᠪᠰᠠᠷ ᠰᠦᠬᠡᠪᠠᠭᠠᠲᠤᠷ ᠴᠣᠢᠪᠠᠯᠰᠠᠩ ᠭᠡᠳᠡᠭ ᠬᠣᠶᠠᠷ ᠮᠠᠰᠢ ᠠᠶᠤᠯᠲᠠᠢ ᠬᠥᠮᠦᠨ ᠢ᠋ ᠪᠢᠳᠡ ᠮᠠᠲᠠᠯ ᠦᠭᠡᠢ ᠪᠠᠢᠭᠰᠠᠭᠠᠷ ᠠᠯᠳᠠᠭᠤᠯᠪᠠ᠃ ᠮᠤᠩᠬᠠᠭ ᠨᠣᠶᠠᠳ ᠠ᠋ᠴᠠ ᠠᠶᠤᠬᠤ ᠬᠡᠷᠡᠭ ᠪᠢᠰᠢ᠂ ᠠᠷᠠᠳ ᠣᠯᠠᠨ ᠠ᠋ᠴᠠ ᠪᠢᠳᠡ ᠠᠶᠤᠨ ᠪᠣᠯᠭᠣᠮᠵᠢᠯᠠᠬᠤ ᠶᠣᠰᠣᠲᠠᠢ ᠪᠠᠢᠵᠠᠢ᠃ ᠲᠡᠷᠡ ᠬᠣᠶᠠᠷ ᠬᠥᠮᠦᠨ᠂ ᠴᠣᠬᠣᠮ ᠬᠦ᠌ ᠠᠷᠠᠳ ᠤ᠋ᠨ ᠳᠤᠮᠳᠠ ᠠ᠋ᠴᠠ ᠭᠠᠷᠤᠭᠰᠠᠨ ᠪᠥᠭᠡᠳ ᠲᠠᠨ ᠤ᠋ ᠨᠠᠶᠠᠨ ᠨᠢᠭᠡᠨ ᠰᠢᠳᠢᠲᠡᠨ ᠦ᠌ ᠵᠡᠭᠦᠳᠦᠨ  ᠳ᠋ᠦ᠍ᠨᠢ (ᠳ᠋ᠦ᠍ ᠨᠢ)ᠣᠷᠣᠭ᠎ᠠ ᠦᠭᠡᠢ ᠰᠢᠳᠢ ᠶ᠋ᠢ ᠪᠢᠳᠡᠨ ᠳ᠋ᠦ᠍ ᠦᠵᠡᠭᠦᠯᠵᠦ᠂ ᠲᠦᠮᠡ ᠲᠦᠮᠡᠨ ᠮᠢᠩᠭᠠᠨ ᠲᠡᠰᠢ(ᠲᠡᠢᠰᠢ)ᠲᠠᠲᠠᠨ᠎ᠠ ᠰᠢᠦ᠃ ᠲᠡᠢᠨ ᠳ᠋ᠦ᠍ ᠶᠠᠪᠤᠭᠰᠠᠨ᠂ ᠶᠡᠬᠡ ᠲᠤᠷᠰᠢᠯᠭ᠎ᠠ ᠲᠠᠢ᠂ ᠬᠠᠰᠢᠷ᠂ ᠳᠠᠢᠴᠢᠨ ᠴᠡᠷᠢᠭ ᠦ᠋ᠨ ᠳᠠᠷᠤᠭ᠎ᠠ ᠰᠦᠬᠡᠪᠠᠭᠠᠲᠤᠷ᠂ ᠨᠠᠰᠤ ᠵᠠᠯᠠᠭᠤ᠂ ᠧᠦ᠋ᠷᠣᠫᠠ ᠶ᠋ᠢᠨ ᠪᠣᠯᠪᠠᠰᠤᠷᠠᠯ ᠲᠠᠢ᠂ ᠠᠷᠠᠳ ᠤ᠋ᠨ ᠡᠷᠬᠡᠲᠦ ᠦᠵᠡᠯᠲᠡᠨ ᠴᠣᠢᠪᠠᠯᠰᠠᠩ᠂ ᠲᠡᠢᠮᠦ ᠠ᠋᠂ ᠲᠡᠷᠡ ᠬᠥᠮᠦᠨ ᠵᠠᠪᠠᠯ ᠠᠷᠠᠳ ᠤ᠋ᠨ ᠡᠷᠬᠡᠲᠦ ᠦᠵᠡᠯᠲᠡᠢ ᠪᠥᠭᠡᠳ ᠤᠯᠠᠭᠠᠨ ᠤ᠋ ᠰᠤᠷᠲᠠᠯ ᠲᠠᠢ ᠬᠥᠮᠦᠨ ᠪᠠᠢᠬᠤ ᠶᠣᠰᠣᠲᠠᠢ᠃ ᠲᠡᠷᠡ ᠬᠣᠶᠠᠷ ᠬᠥᠮᠦᠨ ᠪᠢᠳᠡᠨ ᠳ᠋ᠦ᠍᠂ ᠲᠠᠨ ᠤ᠋ ᠬᠠᠮᠤᠭ ᠨᠣᠶᠠᠳ ᠰᠢᠳᠢᠲᠡᠨ ᠲᠡᠢ ᠵᠠᠭᠤᠨ ᠰᠣᠬᠣᠷ ᠪᠣᠭᠳᠠ ᠠ᠋ᠴᠠ ᠢᠯᠡᠭᠦᠦ ᠠᠶᠤᠯᠲᠠᠢ ᠠᠵᠢ᠃ ᠪᠢᠳᠡ ᠲᠡᠷᠡ ᠬᠣᠶᠠᠷ ᠢ᠋ ᠨᠢᠭᠡ ᠪᠣᠯ ᠪᠡᠶ᠎ᠡ ᠳ᠋ᠦ᠍ ᠪᠡᠨ ᠲᠠᠲᠠᠵᠤ᠂ ᠡᠷᠬᠡᠨ ᠳ᠋ᠦ᠍ ᠪᠡᠨ ᠣᠷᠣᠭᠤᠯᠵᠤ ᠠᠪᠬᠤ᠂ ᠨᠢᠭᠡ ᠪᠣᠯ ᠬᠢᠳᠤᠨ ᠰᠥᠨᠥᠭᠡᠵᠦ᠂ ᠦᠭᠡᠢ ᠬᠢᠬᠦ ᠶᠣᠰᠣᠲᠠᠢ ᠪᠢᠯᠡ! ᠭᠡᠬᠦ ᠳ᠋ᠦ᠍ ᠨᠢ ᠰᠠᠮᠪᠤᠤ ᠥᠭᠦᠯᠡᠷᠦᠨ᠂  
       — ᠭᠡᠮ ᠨᠢ  ᠤᠷᠢᠳ ᠢ᠋ᠶ᠋ᠠᠨ᠂ ᠭᠡᠮᠰᠢᠯ ᠨᠢ ᠬᠣᠢᠨ᠎ᠠ ᠪᠠᠨ ᠭᠡᠳᠡᠭ ᠪᠢᠯᠡ᠃  ᠮᠠᠨ ᠤ᠋ ᠮᠣᠩᠭᠣᠯ ᠤ᠋ᠨ ᠬᠠᠭᠤᠴᠢᠨ ᠦᠭᠡᠨ ᠳ᠋ᠦ᠍᠂ ᠲᠠ ᠴᠦ᠍ ᠥᠪᠡᠷ ᠢ᠋ᠶ᠋ᠡᠨ ᠮᠣᠩᠭᠣᠯ ᠣᠯᠠᠨ ᠢ᠋ ᠨᠢᠭᠡᠨ ᠰᠦᠷᠦᠭ ᠡᠪᠡᠷ ᠦᠭᠡᠢ ᠦᠬᠡᠷ᠃ ᠲᠡᠭᠦᠨ ᠦ᠌ ᠬᠣᠢᠨ᠎ᠠ ᠠ᠋ᠴᠠ ᠰᠠᠨᠠᠭ᠎ᠠ ᠵᠣᠪᠠᠬᠤ ᠬᠡᠷᠡᠭ ᠦᠭᠡᠢ᠃  ᠭᠠᠭᠴᠠ ᠬᠦ᠌ ᠦᠬᠡᠷᠴᠢᠨ ᠦ᠌ ᠬᠣᠢᠨ᠎ᠠ ᠠ᠋ᠴᠠ ᠬᠠᠷᠠᠵᠤ ᠪᠠᠢᠪᠠᠯ ᠵᠣᠬᠢᠨ᠎ᠠ ᠭᠡᠵᠦ ᠬᠡᠯᠡᠳᠡᠭ ᠪᠠᠢᠭᠰᠠᠨ ᠪᠢᠰᠢ ᠪᠢᠯᠢᠤ(ᠪᠢᠯᠡ ᠤᠤ)? ᠣᠳᠣ ᠪᠢᠳᠡ᠂ ᠥᠩᠭᠡᠷᠡᠭᠰᠡᠨ ᠬᠡᠷᠡᠭ ᠢ᠋ ᠨᠡᠬᠡᠵᠦ᠂ ᠴᠢᠨᠦ ᠮᠢᠨᠦ ᠪᠤᠷᠤᠭᠤ ᠭᠡᠵᠦ ᠬᠡᠯᠡᠯᠴᠡᠭᠰᠡᠨ ᠦ᠌ ᠲᠤᠰᠠ ᠠᠯᠠᠭ᠎ᠠ᠃ ᠬᠠᠷᠢᠨ᠂ ᠲᠡᠷᠡ ᠨᠢᠭᠡᠨ ᠴᠠᠭ ᠤ᠋ᠨ ᠡᠨᠳᠡᠭᠳᠡᠯ ᠢ᠋ ᠬᠡᠷᠬᠢᠨ ᠵᠠᠯᠠᠷᠠᠭᠤᠯᠬᠤ ᠠᠷᠭ᠎ᠠ ᠰᠦᠪᠡ ᠣᠯᠬᠤ ᠨᠢ ᠴᠢᠬᠤᠯᠠ ᠪᠣᠯᠵᠠᠢ ᠭᠡᠪᠡ᠃ 
       ᠲᠡᠭᠡᠭᠡᠳ᠂《ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠢᠳᠬᠡᠬᠦ ᠶᠠᠮᠤᠨ》 ᠭᠡᠭᠴᠢ ᠡᠴᠡ ᠲᠤᠰᠬᠠᠢᠯᠠᠨ ᠵᠠᠷᠯᠠᠵᠤ᠂ ᠤᠯᠤᠰ ᠲᠥᠷᠥ ᠳ᠋ᠦ᠍ ᠰᠠᠮᠠᠭᠤᠨ ᠥᠳᠥᠭᠥᠯᠬᠦ ᠶ᠋ᠢ ᠵᠠᠪᠳᠤᠨ ᠪᠣᠢ ᠠᠶᠤᠯ ᠲᠠᠢ ᠲᠡᠷᠰᠯᠡᠭᠦᠦ ᠰᠦᠬᠡᠪᠠᠭᠠᠲᠤᠷ ᠴᠣᠢᠪᠠᠯᠰᠠᠩ ᠨᠠᠷ ᠤ᠋ᠨ ᠪᠠᠢᠭ᠎ᠠ ᠭᠠᠵᠠᠷ ᠢ᠋ ᠵᠢᠭᠠᠵᠤ ᠥᠭᠭᠦᠭᠰᠡᠨ ᠪᠤᠶᠤ ᠪᠠᠷᠢᠵᠤ ᠦᠭᠭᠦᠭᠰᠡᠨ ᠬᠥᠮᠦᠨ ᠳ᠋ᠦ᠍᠂ ᠲᠡᠷᠡ ᠲᠡᠷᠰᠯᠡᠭᠦᠦ ᠡᠲᠡᠭᠡᠳ ᠲᠤᠰ ᠪᠦᠷᠢ ᠶ᠋ᠢᠨ ᠨᠢᠭᠡᠨ ᠮᠢᠩᠭᠠᠨ ᠶᠠᠩᠴᠢᠶᠠᠨ ᠤ᠋ ᠱᠠᠩ ᠣᠯᠭᠣᠨ᠎ᠠ ᠭᠡᠵᠦ ᠵᠠᠷᠯᠠᠵᠠᠢ᠃ 
       ᠣᠷᠳᠣᠨ ᠳ᠋ᠤ᠌ ᠬᠢ ᠵᠠᠩᠰᠢᠯᠠᠨ ᠲᠠᠩᠨᠠᠬᠤ ᠬᠥᠮᠦᠨ ᠦ᠌ ᠮᠡᠳᠡᠭᠡᠨ ᠳ᠋ᠦ᠍᠂ ᠪᠣᠭᠳᠠ ᠬᠠᠭᠠᠨ ᠲᠡᠷᠡ ᠵᠠᠷᠯᠠᠯ ᠢ᠋ ᠦᠵᠡᠭᠡᠳ ᠶᠡᠬᠡ ᠯᠡ ᠬᠢᠷᠳ᠋ᠬᠢᠨ ᠰᠣᠴᠢᠵᠤ᠂ ᠤᠷᠢᠳᠤ᠂ ᠵᠠᠬᠢᠳᠠᠯ ᠳ᠋ᠤ᠌ ᠲᠡᠮᠳᠡᠭ ᠳᠠᠷᠤᠭᠰᠠᠨ ᠤ᠋ ᠬᠣᠯᠪᠣᠭᠳᠠᠯ ᠠ᠋ᠴᠠ ᠠᠶᠤᠭᠠᠳ᠂ ᠰᠢᠳᠠᠷ ᠯᠠᠮᠠ ᠪᠠᠷ ᠰᠠᠮ ᠤᠯᠠᠮᠵᠢᠯᠠᠨ᠂ ᠶᠡᠬᠡ ᠬᠦᠷᠢᠶᠡᠨ ᠦ᠌ ᠭᠠᠨᠳᠠᠩᠳᠡᠭᠴᠢᠩᠯᠢᠩ ᠦ᠋ᠨ ᠯᠠᠮᠠ ᠨᠠᠷ ᠲᠤ᠌ ᠨᠢᠭᠤᠴᠠ ᠵᠠᠷᠯᠢᠭ ᠯᠦᠩᠳᠦ᠋ᠩ ᠪᠠᠭᠤᠯᠭᠠᠵᠤ᠂ ᠤᠯᠤᠰ ᠲᠥᠷᠥ ᠶ᠋ᠢᠨ ᠬᠡᠷᠡᠭ ᠲᠦ᠍ ᠠᠶᠤᠯ ᠵᠣᠪᠠᠯᠠᠩ᠂ ᠭᠠᠢ ᠲᠣᠳᠬᠠᠷ ᠢ᠋ ᠠᠷᠢᠯᠭᠠᠬᠤ ᠭᠦᠷᠢᠮ ᠬᠢᠯᠭᠡᠬᠦ ᠭᠡᠵᠦ ᠠᠷᠭ᠎ᠠ ᠰᠠᠮᠪᠠᠭ᠎ᠠ ᠡᠷᠢᠵᠦ ᠪᠠᠢᠭ᠎ᠠ ᠶ᠋ᠢ ᠮᠡᠳᠡᠭᠡᠯᠡᠵᠢ᠃ ᠭᠠᠢ ᠲᠣᠳᠬᠠᠷ ᠢ᠋ ᠳᠠᠷᠤᠨ ᠰᠥᠨᠥᠭᠡᠵᠦ᠂ ᠮᠠᠭᠤ ᠵᠦᠭ ᠦ᠋ᠨ ᠬᠣᠣᠷᠯᠠᠯ ᠢ᠋ ᠠᠷᠢᠯᠭᠠᠬᠤ ᠲᠡᠷᠡ ᠭᠦᠷᠢᠮ ᠢ᠋ ᠴᠠᠭᠠᠨ ᠪᠡᠴᠢᠨ ᠵᠢᠯ ᠦ᠋ᠨ(1920 ᠣᠨ ᠤ᠋) ᠨᠠᠮᠤᠷ ᠤ᠋ᠨ ᠲᠡᠷᠢᠭᠦᠨ ᠰᠠᠷ᠎ᠠ ᠶ᠋ᠢᠨ ᠬᠣᠷᠢᠨ ᠶᠢᠰᠦᠨ ᠦ᠌ ᠰᠥᠨᠢ ᠭᠠᠷᠭᠠᠬᠤ ᠪᠠᠷ ᠲᠣᠭᠲᠠᠵᠠᠢ᠃ ᠵᠠᠩᠰᠢᠯᠠᠨ ᠲᠠᠩᠨᠠᠬᠤ ᠬᠥᠮᠦᠨ ᠦ᠌ ᠮᠡᠳᠡᠭᠡ ᠶ᠋ᠢ ᠦᠵᠡᠪᠡᠯ᠂ ᠨᠢᠭᠤᠴᠠ ᠴᠠᠭᠳᠠᠨ ᠰᠡᠷᠭᠡᠢᠯᠡᠬᠦ ᠳ᠋ᠦ᠍ ᠰᠡᠷᠡᠭᠳᠡᠨ ᠪᠠᠢᠭ᠎ᠠ ᠵᠠᠮᠢᠶᠠᠨ᠂ ᠮᠠᠩᠯᠠᠢ ᠸᠠᠩ ᠳᠠᠮᠳᠢᠨᠰᠦ᠋ᠷᠦᠩ᠂ ᠬᠠᠳᠠᠨ ᠪᠠᠭᠠᠲᠤᠷ ᠮᠠᠭᠰᠤᠷᠵᠠᠪ ᠨᠠᠷ ᠤ᠋ᠨ ᠵᠡᠷᠭᠡ ᠬᠥᠮᠦᠰ ᠢ᠋ ᠬᠠᠭᠠᠨ᠂ ᠰᠥᠨᠢ ᠲᠡᠷᠡ ᠭᠦᠷᠢᠮ ᠢ᠋ ᠭᠠᠷᠭᠠᠬᠤ ᠳ᠋ᠤ᠌ ᠬᠦᠷᠦᠯᠴᠡᠨ ᠢᠷᠡᠵᠦ᠂ ᠤᠯᠤᠰ ᠲᠥᠷᠥ ᠶ᠋ᠢᠨ ᠤᠴᠢᠷ ᠬᠢᠴᠢᠶᠡᠨ ᠵᠠᠯᠪᠠᠷᠢᠭᠲᠤᠨ ᠭᠡᠵᠦ ᠨᠢᠭᠤᠴᠠ ᠵᠠᠷᠯᠢᠭ ᠢ᠋ ᠪᠠᠭᠤᠯᠭᠠᠭᠰᠠᠨ ᠭᠡᠨ᠎ᠡ᠃ 
       ᠲᠡᠷᠡ ᠬᠣᠷᠢᠨ ᠶᠢᠰᠦᠨ ᠦ᠌ ᠰᠥᠨᠢ᠂ ᠥᠨᠥᠬᠢ ᠭᠠᠢ ᠲᠣᠳᠬᠠᠷ ᠢ᠋ ᠠᠷᠢᠯᠭᠠᠬᠤ ᠭᠦᠷᠢᠮ ᠢ᠋ ᠭᠠᠨᠳᠠᠩ ᠠ᠋ᠴᠠ ᠪᠠᠷᠠᠭᠤᠨ ᠤᠷᠤᠭᠰᠢ ᠭᠠᠷᠭᠠᠵᠤ᠂ ᠮᠠᠭᠤ ᠵᠦᠭ ᠦ᠋ᠨ ᠠᠳᠠ ᠲᠣᠳᠬᠠᠷ ᠢ᠋ ᠠᠶᠤᠯᠭᠠᠨ ᠰᠦᠷᠳᠡᠭᠦᠯᠬᠦ ᠶ᠋ᠢᠨ ᠤᠴᠢᠷ᠂ ᠬᠠᠭᠤᠴᠢᠨ《ᠶᠡᠬᠡ ᠵᠠᠩᠵᠤᠨ ᠫᠤᠤ》 ᠭᠡᠳᠡᠭ ᠴᠣᠯᠠ ᠲᠠᠢ ᠫᠤᠤ ᠶ᠋ᠢ ᠴᠠᠭᠠᠰᠤᠨ ᠰᠤᠮᠤ ᠪᠠᠷ ᠰᠤᠮᠤᠯᠠᠵᠤ ᠫᠤᠤᠳᠠᠭᠠᠳ᠂ ᠭᠦᠷᠢᠮ ᠦ᠋ᠨ ᠰᠡᠭᠦᠯ ᠢ᠋ᠶ᠋ᠡᠷ ᠲᠤᠤᠯᠠ ᠳ᠋ᠠᠬᠢ ᠪᠣᠭᠳᠠ ᠶ᠋ᠢᠨ ᠨᠣᠭᠣᠭᠠᠨ ᠣᠷᠳᠣᠨ ᠤ᠋ ᠡᠮᠦᠨ᠎ᠡ ᠰᠠᠢᠨ ᠵᠦᠭ ᠦ᠋ᠨ ᠲᠡᠭᠷᠢ ᠨᠠᠷ ᠢ᠋ ᠲᠠᠬᠢᠭᠯᠠᠨ᠂ ᠭᠠᠯ ᠤ᠋ᠨ ᠨᠠᠭᠠᠳᠤᠮ ᠦᠢᠯᠡᠳᠴᠡᠢ᠃  
       ᠠᠶᠤᠨ ᠰᠠᠨᠳᠤᠷᠤᠭᠰᠠᠨ᠂ ᠮᠤᠬᠤᠷ ᠰᠦᠰᠦᠭᠲᠦ᠂ ᠨᠢᠳᠦᠨ ᠪᠠᠯᠠᠢ ᠬᠠᠭᠠᠨ ᠢ᠋ ᠭᠦᠷᠢᠮ ᠨᠣᠮ ᠬᠢᠯᠭᠡᠵᠦ᠂ ᠵᠣᠪᠠᠯᠠᠩ ᠬᠣᠯᠪᠣᠭᠳᠠᠯ ᠠ᠋ᠴᠠ ᠮᠤᠯᠲᠤᠷᠠᠬᠤ ᠠᠷᠭ᠎ᠠ ᠰᠦᠪᠡᠭᠴᠢᠯᠡᠬᠦ ᠲᠡᠷᠡ ᠬᠣᠭᠣᠷᠣᠨᠳᠣ᠂ ᠭᠠᠮᠢᠩ ᠤ᠋ᠨ ᠨᠢᠭᠤᠴᠠ ᠴᠠᠭᠳᠠᠨ ᠰᠡᠷᠭᠡᠢᠯᠡᠬᠦ ᠡᠴᠡ ᠬᠤᠪᠢᠰᠬᠠᠯᠴᠢ ᠨᠠᠷ ᠤ᠋ᠨ ᠨᠢᠭᠤᠴᠠ ᠪᠠᠢᠭᠤᠯᠤᠯᠭ᠎ᠠ ᠳ᠋ᠤ᠌ ᠬᠠᠮᠢᠶᠠᠲᠠᠢ ᠪᠤᠶᠤ ᠤᠯᠤᠰ ᠢ᠋ᠶ᠋ᠠᠨ ᠭᠡᠵᠦ ᠪᠣᠳᠣᠭᠴᠢ ᠡᠬᠡ ᠣᠷᠣᠨᠴᠢ ᠨᠠᠷ ᠲᠤ᠌  ᠡᠯᠢᠭᠡ ᠲᠡᠢ ᠭᠡᠵᠦ ᠬᠠᠷᠠᠳᠠᠨ ᠰᠡᠵᠢᠭᠯᠡᠵᠦ ᠪᠠᠢᠭᠰᠠᠨ ᠬᠥᠮᠦᠨ ᠢ᠋ ᠡᠳᠦᠢ ᠲᠡᠳᠦᠢ ᠪᠡᠷ ᠨᠢ ᠲᠡᠷᠡ ᠰᠥᠨᠢ ᠪᠠᠷᠢᠵᠠᠢ᠃ 
       ᠨᠠᠰᠤᠨᠪᠠᠲᠤ᠂ ᠳᠣᠲᠣᠭᠠᠳᠤ ᠶᠠᠮᠤᠨ ᠠ᠋ᠴᠠ ᠬᠠᠯᠠᠭᠳᠠᠭᠰᠠᠨ ᠠ᠋ᠴᠠ ᠬᠣᠢᠰᠢ᠂ ᠮᠣᠳᠣᠴᠢ ᠳᠠᠷᠬᠠᠨ ᠤ᠋ ᠠᠵᠢᠯ ᠬᠢᠵᠦ ᠠᠵᠤ ᠲᠥᠷᠥᠵᠦ ᠪᠠᠢᠭᠰᠠᠨ ᠨᠢ ᠬᠠᠮᠤᠭ ᠤ᠋ᠨ ᠲᠡᠷᠢᠭᠦᠨ ᠳ᠋ᠦ᠍ ᠪᠠᠷᠢᠭᠳᠠᠨ᠂ ᠭᠢᠨᠳᠠᠨ ᠤ᠋ ᠢᠷᠣᠭᠠᠷ ᠲᠤ᠌ ᠴᠢᠬᠢᠭᠳᠡᠪᠡ᠃ ᠦᠮᠡᠬᠡᠢ ᠴᠢᠭᠢᠭ ᠲᠡᠢ ᠭᠢᠨᠳᠠᠨ ᠤ᠋ ᠲᠠᠰᠤᠯᠭᠠᠨ ᠳ᠋ᠤ᠌ ᠲᠦᠯᠬᠢᠭᠦᠯᠵᠦ ᠣᠷᠣᠭᠠᠳ᠂ ᠨᠠᠰᠤᠨᠪᠠᠲᠤ ᠲᠡᠷᠡ ᠮᠠᠭᠤᠬᠠᠢ ᠲᠠᠰᠤᠯᠭᠠᠨ ᠤ᠋ ᠪᠠᠢᠳᠠᠯ ᠢ᠋ ᠠᠵᠢᠵᠤ ᠦᠵᠡᠪᠡ᠃ ᠬᠠᠭᠠᠯᠭᠠᠨ ᠳᠡᠭᠡᠷᠡᠬᠢ ᠨᠦᠬᠡᠨ ᠳ᠋ᠦ᠍ ᠠᠰᠠᠵᠤ ᠪᠠᠢᠭᠰᠠᠨ ᠳ᠋ᠧᠩᠯᠦ ᠶ᠋ᠢᠨ ᠪᠦᠳᠡᠭᠢ ᠭᠡᠷᠡᠯ ᠳ᠋ᠦ᠍ ᠬᠠᠷᠠᠪᠠᠰᠤ᠂ ᠮᠠᠭᠤᠬᠠᠢ ᠱᠠᠯ ᠤ᠋ᠨ(ᠱᠠᠯᠠᠨ) ᠳᠡᠭᠡᠷ᠎ᠡ ᠭᠬᠢᠷ ᠲᠠᠭ ᠪᠣᠯᠤᠭᠰᠠᠨ ᠨᠢᠮᠭᠡᠨ ᠭᠡᠭᠴᠢ ᠶ᠋ᠢᠨ ᠬᠣᠶᠠᠷ ᠳᠡᠪᠢᠰᠬᠡᠷ ᠰᠢᠭ ᠶᠠᠭᠤᠮ᠎ᠠ ᠲᠠᠢ᠂ ᠬᠥᠯ ᠦᠭᠡᠢ᠂ ᠬᠣᠶᠠᠷ ᠨᠠᠮᠬᠠᠨ ᠭᠡᠭᠴᠢ ᠶ᠋ᠢᠨ ᠣᠷᠣ ᠬᠠᠷᠠᠭᠳᠠᠵᠤ᠂ ᠪᠤᠯᠤᠩ ᠳ᠋ᠤ᠌ ᠢᠷᠣᠭᠠᠷ ᠲᠠᠭᠠᠨ (ᠳ᠋ᠤ᠌ ᠪᠠᠨ) ᠰᠢᠭᠡᠰᠦ ᠲᠡᠢ ᠦᠮᠡᠬᠡᠢ ᠬᠤᠪᠢᠩ ᠪᠠᠢᠪᠠ᠃ ᠠᠵᠢᠭᠯᠠᠵᠤ ᠦᠵᠡᠪᠡᠯ᠂ ᠭᠢᠨᠳᠠᠨ ᠤ᠋ ᠲᠡᠷᠡ ᠲᠠᠰᠤᠯᠭᠠᠨ ᠳ᠋ᠠᠬᠢ ᠬᠣᠷᠢᠭᠳᠠᠯ ᠬᠥᠮᠦᠨ ᠢ᠋ ᠲᠤᠩ ᠰᠠᠶᠢᠬᠠᠨ ᠵᠠᠢᠯᠠᠭᠤᠯᠤᠭᠰᠠᠨ ᠪᠣᠯᠤᠯᠲᠠᠢ᠃ 
       — ᠣᠯᠠᠨ ᠲᠠᠰᠤᠯᠭ᠎ᠠ ᠶ᠋ᠢ ᠴᠥᠮ ᠰᠤᠯᠠᠯᠠᠭᠰᠠᠨ ᠤᠤ? ᠭᠡᠵᠦ ᠱᠣᠷᠣᠩ ᠤ᠋ᠨ ᠬᠣᠩᠭᠢᠯ ᠳ᠋ᠤ᠌ ᠨᠢᠭᠡᠨ ᠬᠥᠮᠦᠨ ᠬᠢᠲᠠᠳ ᠢ᠋ᠶ᠋ᠠᠷ ᠠᠰᠠᠭᠤᠪᠠᠯ᠂ 
       — ᠴᠥᠮ ᠢ᠋᠂ 
       —  ᠵᠠ ᠪᠣᠯᠵᠠᠢ᠂ ᠤᠳᠠᠬᠤ ᠦᠭᠡᠢ ᠬᠥᠮᠦᠨ ᠢᠷᠡᠨ᠎ᠡ᠃ ᠲᠠᠰᠤᠯᠭᠠᠨ ᠳ᠋ᠤ᠌ ᠬᠢᠬᠦ ᠳ᠋ᠡᠭᠡᠨ(ᠳ᠋ᠦ᠍ ᠪᠡᠨ) ᠶᠠᠭ ᠤᠭ ᠴᠧᠰᠧ ᠶ᠋ᠢᠨ ᠶᠣᠰᠣᠭᠠᠷ ᠭᠦᠢᠴᠡᠳᠬᠡᠭᠡᠷᠡᠢ᠃ 
       — ᠵᠠ ᠭᠡᠵᠦ ᠬᠡᠯᠡᠯᠴᠡᠬᠦ ᠦᠭᠡ ᠰᠣᠨᠣᠰᠳᠠᠪᠠ᠃ 
       ᠨᠠᠰᠤᠨᠪᠠᠲᠤ᠂ ᠲᠡᠷᠡ ᠭᠢᠨᠳᠠᠨ ᠤ᠋ ᠮᠠᠭᠤᠬᠠᠢ ᠲᠠᠰᠤᠯᠭᠠᠨ ᠤ᠋ ᠳᠣᠲᠣᠭᠠᠳᠤ ᠪᠠᠢᠳᠠᠯ ᠢ᠋ ᠬᠠᠷᠠᠵᠤ ᠦᠵᠡᠭᠡᠳ᠂ ᠭᠬᠢᠷ ᠲᠠᠭ ᠪᠣᠯᠤᠭᠰᠠᠨ ᠮᠠᠭᠤᠬᠠᠢ ᠳᠡᠪᠢᠰᠬᠡᠷ ᠳᠡᠭᠡᠷ᠎ᠡ ᠰᠠᠭᠤᠭᠠᠳ ᠪᠣᠳᠣᠯᠭ᠎ᠠ ᠪᠣᠯᠪᠠ᠃ ᠶᠠᠭᠠᠬᠢᠭᠠᠳ᠂ ᠭᠠᠮᠢᠩ ᠨᠠᠮᠠᠶ᠋ᠢ(ᠨᠠᠮ᠎ᠠ ᠶ᠋ᠢ) ᠪᠠᠷᠢᠪᠠ? ᠶᠠᠮᠠᠷ ᠠᠮᠢᠲᠠᠨ ᠵᠢᠭᠠᠨ ᠬᠣᠪᠯᠠᠵᠤ ᠪᠠᠷᠢᠭᠤᠯᠪᠠ? ᠵᠠᠮᠢᠶᠠᠨ ᠠᠪᠤᠭᠠᠢ ᠶ᠋ᠢᠨ ᠰᠠᠨᠠᠮᠰᠠᠷ ᠦᠭᠡᠢ ᠲᠠᠭᠠᠷᠠᠯᠳᠤᠭᠰᠠᠨ ᠨᠢᠮᠠᠵᠠᠪ ᠪᠠᠢᠰᠠ ᠠ᠋ᠴᠠ ᠪᠣᠯᠪᠠᠤ(ᠪᠣᠯᠪᠠ ᠤᠤ)? ᠭᠡᠵᠦ ᠪᠣᠳᠣᠬᠤ ᠳ᠋ᠤᠨᠢ( ᠳ᠋ᠤ᠌ ᠨᠢ) ᠰᠣᠬᠣᠢᠭᠰᠠᠨ ᠠᠨᠢᠭᠠᠷ ᠨᠢᠳᠦ ᠲᠡᠢ᠂ ᠬᠠᠪᠲᠠᠭᠠᠷ ᠬᠠᠮᠠᠷ ᠲᠠᠢ ᠨᠢᠮᠠᠵᠠᠪ ᠤ᠋ᠨ ᠵᠢᠪᠡᠬᠡᠢ ᠰᠢᠷ᠎ᠠ ᠨᠢᠭᠤᠷ ᠰᠡᠳᠬᠢᠯ ᠳ᠋ᠦ᠍ᠨᠢ(ᠳ᠋ᠦ᠍ ᠨᠢ) ᠤᠷᠭᠤᠵᠤ᠂ ᠰᠠᠨᠠᠭᠠᠨ ᠳ᠋ᠤᠨᠢ( ᠳ᠋ᠤ᠌ ᠨᠢ) ᠣᠷᠣᠵᠠᠢ᠃ 
       ᠡᠪᠦᠭᠡᠨ ᠵᠠᠮᠢᠶᠠᠨ ᠠᠪᠤᠭᠠᠢ᠂ ᠲᠡᠷᠡ ᠬᠥᠮᠦᠨ ᠦ᠌ ᠳᠡᠷᠭᠡᠳᠡ᠂ ᠪᠡᠶ᠎ᠡ ᠨᠢᠭᠡ ᠶᠡᠬᠡ ᠡᠪ ᠦᠭᠡᠢ ᠪᠣᠯᠤᠭᠰᠠᠨ ᠶᠤᠮ ᠰᠢᠭ᠋ ᠬᠠᠪᠴᠢᠭᠠᠳ᠂ ᠭᠠᠭᠴᠠᠬᠦ (ᠭᠠᠭᠴᠠ ᠬᠦ᠌)ᠨᠢᠮᠠᠵᠠᠪ ᠢ᠋ ᠭᠠᠷᠴᠤ ᠣᠳᠤᠭᠰᠠᠨ ᠬᠣᠢᠨ᠎ᠠ᠂ ᠰᠠᠢ᠍ᠢ (ᠰᠠᠶᠢ) ᠪᠡᠶ᠎ᠡ ᠰᠡᠳᠬᠢᠯ ᠲᠠᠯᠪᠢᠭᠤᠨ ᠪᠣᠯᠵᠤ᠂ ᠰᠢᠦᠢ ᠱᠤ᠌ ᠵᠧᠩ ᠢ᠋ ᠵᠠᠰᠠᠭ ᠤ᠋ᠨ ᠡᠷᠬᠡ ᠶ᠋ᠢ ᠡᠵᠡᠷᠬᠡᠬᠦ ᠡᠴᠡ ᠡᠮᠦᠨ᠎ᠡ ᠣᠯᠠᠨ ᠬᠦᠩ ᠢ᠋ ᠤᠯᠤᠰ ᠢ᠋ᠶ᠋ᠠᠨ ᠬᠤᠳᠠᠯᠳᠤᠨ ᠲᠡᠷᠰᠯᠡᠪᠡ ᠭᠡᠵᠦ ᠶᠡᠬᠡᠯ᠎ᠡ (ᠶᠡᠬᠡ ᠯᠡ) ᠪᠤᠷᠤᠭᠤᠰᠢᠶᠠᠨ ᠰᠢᠭᠦᠮᠵᠢᠯᠡᠵᠦ ᠪᠠᠢᠭᠰᠠᠨ ᠢ᠋ᠶ᠋ᠠᠨ᠂ ᠰᠡᠭᠦᠯ ᠳ᠋ᠦ᠍ 《ᠪᠠᠷᠠᠭᠤᠨ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠢᠳᠬᠡᠬᠦ ᠶᠠᠮᠤᠨ》 ᠭᠡᠭᠴᠢ ᠳ᠋ᠦ᠍ ᠠᠯᠪᠠ ᠬᠠᠭᠠᠬᠤ ᠪᠣᠯᠤᠭᠰᠠᠨ ᠲᠡᠷᠡ ᠨᠣᠶᠠᠨ ᠲᠠᠢ ᠦᠭᠡ ᠬᠡᠯᠡᠯᠴᠡᠬᠦ  ᠳ᠋ᠡᠭᠡᠨ(ᠳ᠋ᠦ᠍ ᠪᠡᠨ)  ᠶᠡᠬᠡᠯ᠎ᠡ (ᠶᠡᠬᠡ ᠯᠡ) ᠪᠣᠯᠭᠣᠮᠵᠢᠯᠠᠵᠤ ᠪᠠᠢ ᠭᠡᠵᠦ ᠵᠠᠬᠢᠭᠰᠠᠨ ᠪᠢᠯᠡ ᠭᠡᠵᠦ ᠪᠣᠳᠣᠵᠤ ᠰᠠᠭᠤᠲᠠᠯ᠎ᠠ᠂ ᠭᠡᠨᠡᠳᠲᠡ ᠭᠠᠳᠠᠨ᠎ᠠ ᠠ᠋ᠴᠠ ᠭᠢᠨᠳᠠᠨ᠎ᠠ ᠣᠷᠣᠬᠤ ᠬᠠᠭᠠᠯᠭ᠎ᠠ ᠳᠡᠰ ᠬᠢᠵᠦ᠂ ᠭᠢᠨᠳᠠᠨ ᠤ᠋ ᠬᠤᠶᠠᠭ ᠤ᠋ᠳ ᠤ᠋ᠨ ᠬᠡᠷᠴᠡᠭᠡᠢ ᠬᠠᠷᠭᠢᠰ ᠢ᠋ᠶ᠋ᠠᠷ ᠬᠠᠰᠬᠢᠷᠬᠤ᠂ ᠬᠥᠯ ᠢ᠋ᠶ᠋ᠡᠨ ᠴᠢᠷᠬᠦ᠂ ᠬᠥᠮᠦᠨ ᠢ᠋ ᠫᠢᠳ ᠫᠢᠳ ᠴᠣᠬᠢᠬᠤ ᠴᠢᠮᠡᠭᠡ᠂ ᠶᠣᠢᠯᠠᠬᠤ (ᠶᠣᠣᠯᠠᠬᠤ)ᠳᠠᠭᠤᠨ᠂ ᠮᠣᠩᠭᠣᠯ ᠬᠢᠲᠠᠳ ᠢ᠋ᠶ᠋ᠠᠷ ᠬᠠᠷᠢᠶᠠᠬᠤ ᠦᠭᠡ ᠰᠣᠨᠣᠰᠳᠠᠵᠤ᠂ ᠣᠢᠷ᠎ᠠ ᠬᠠᠪᠢ ᠶ᠋ᠢᠨ ᠲᠠᠰᠤᠯᠭᠠᠨ ᠤ᠋ ᠬᠠᠭᠠᠯᠭ᠎ᠠ ᠳᠠᠪ ᠶᠠᠪ ᠨᠡᠭᠡᠭᠡᠭᠳᠡᠨ ᠬᠠᠭᠠᠭᠳᠠᠵᠤ᠂ ᠴᠣᠣᠵᠢ ᠴᠤᠤᠷᠭ᠎ᠠ(ᠴᠠᠭᠤᠷᠭ᠎ᠠ) ᠬᠠᠷᠴᠢᠭᠢᠨᠠᠬᠤ ᠴᠢᠮᠡᠭᠡ ᠭᠠᠷᠪᠠ᠃ ᠨᠠᠰᠤᠨᠪᠠᠲᠤ ᠳ᠋ᠤ᠌ ᠪᠠᠰᠠ ᠬᠠᠳᠠᠨ ᠪᠠᠭᠠᠲᠤᠷ ᠤ᠋ᠨ ᠤᠨᠲᠤᠭᠤᠴᠠᠨ ᠳᠤᠤᠭᠠᠷᠬᠤ᠂ ᠵᠠᠮᠢᠶᠠᠨ ᠡᠪᠦᠭᠡᠨ ᠦ᠌ ᠨᠠᠰᠤᠲᠠᠢ ᠬᠥᠮᠦᠨ ᠦ᠌ ᠰᠢᠨᠵᠢ ᠲᠡᠢ ᠬᠠᠨᠢᠶᠠᠬᠤ ᠨᠢ ᠰᠣᠨᠣᠰᠳᠠᠭᠰᠠᠨ ᠮᠡᠲᠦ ᠪᠣᠯᠪᠠ᠃ ᠭᠡᠨᠡᠳᠲᠡ ᠲᠠᠰᠤᠯᠭᠠᠨ ᠤ᠋ ᠬᠠᠭᠠᠯᠭ᠎ᠠ ᠬᠠᠷᠴᠢᠭᠢᠨᠠᠨ ᠨᠡᠭᠡᠭᠡᠭᠳᠡᠵᠦ᠂ ᠭᠠᠮᠢᠩ ᠤ᠋ᠨ ᠬᠦᠨᠳᠦ ᠱᠠᠬᠠᠢ ᠲᠠᠢ ᠬᠥᠯ ᠢ᠋ᠶ᠋ᠡᠷ ᠠᠷᠤ ᠠ᠋ᠴᠠ ᠢᠰᠬᠦᠯᠦᠭᠦᠯᠦᠭᠰᠡᠨ ᠨᠢᠭᠡᠨ ᠬᠥᠮᠦᠨ ᠭᠣᠳ ᠬᠢᠭᠡᠳ ᠣᠷᠣᠵᠤ ᠢᠷᠡᠪᠡ᠃ ᠦᠵᠡᠪᠡᠰᠦ᠂ ᠳᠡᠪᠡᠯ ᠦ᠋ᠨ ᠤᠷᠲᠤ ᠬᠠᠨᠴᠤᠢ ᠶ᠋ᠢ ᠠᠷᠤ ᠳ᠋ᠤ᠌ ᠵᠠᠩᠭᠢᠳᠤᠨ ᠬᠦᠯᠢᠵᠡᠢ᠃ ᠢᠰᠬᠦᠯᠦᠭᠦᠯᠦᠭᠰᠡᠨ ᠬᠦᠴᠦᠨ ᠳ᠋ᠡᠭᠡᠨ(ᠳ᠋ᠦ᠍ ᠪᠡᠨ) ᠲᠡᠷᠲᠡᠭᠡ ᠲᠤᠭᠤᠷᠭᠠᠨ᠎ᠠ ᠬᠠᠷ᠎ᠠ ᠬᠤᠷᠳᠤ ᠪᠠᠷ ᠢ᠋ᠶ᠋ᠠᠨ ᠣᠴᠢᠵᠤ ᠯᠣᠭ ᠬᠢᠲᠡᠯ᠎ᠡ ᠮᠥᠷᠭᠥᠭᠡᠳ᠂ ᠲᠡᠷᠡ ᠬᠥᠮᠦᠨ ᠡᠷᠭᠢᠵᠦ ᠬᠠᠭᠠᠯᠭᠠᠨ ᠤ᠋ ᠵᠦᠭ ᠬᠠᠷᠢᠶᠠᠨ ᠬᠠᠰᠬᠢᠷᠤᠨ᠂ 
       — ᠦᠬᠦᠭᠰᠡᠨ ᠮᠠᠭᠤ ᠬᠠᠷ᠎ᠠ ᠡᠯᠵᠢᠭᠡ! ᠤᠯᠠᠭᠠᠨ ᠭᠠᠷ ᠲᠠᠢ ᠭᠠᠭᠴᠠ ᠬᠥᠮᠦᠨ ᠥᠭᠡᠳᠡ ᠵᠢᠷᠭᠤᠭᠤᠯᠠ ᠳᠠᠭᠠᠷᠢᠨ ᠣᠷᠣᠵᠤ ᠪᠠᠢᠬᠤ ᠳ᠋ᠠᠭᠠᠨ(ᠳ᠋ᠤ᠌ ᠪᠠᠨ) ᠢᠴᠢᠬᠦ ᠦᠭᠡᠢ ᠤᠤ? ᠡᠵᠡᠭᠦᠢ ᠬᠡᠭᠡᠷ᠎ᠡ ᠭᠠᠵᠠᠷ ᠡᠷ᠎ᠡ ᠬᠥᠮᠦᠨ ᠰᠢᠭ ᠠᠭᠤᠯᠵᠠᠭᠰᠠᠨ ᠪᠠᠢᠪᠠᠯ ᠤᠤ᠂ ᠪᠢ ᠲᠠᠨ ᠳ᠋ᠤ᠌ ᠬᠡᠨ ᠮᠠᠨᠢ ᠡᠷᠡᠭᠴᠢᠨ᠂ ᠬᠡᠨ ᠮᠠᠨᠢ ᠡᠮᠡᠭᠴᠢᠨ ᠪᠣᠯᠬᠤ ᠶ᠋ᠢ ᠦᠵᠡᠭᠦᠯᠬᠦ ᠶᠤᠮᠰᠠᠨ ᠳᠠ ᠭᠡᠳ ᠨᠠᠰᠤᠨᠪᠠᠲᠤ ᠶ᠋ᠢ ᠬᠠᠷᠠᠭᠠᠳ ᠠᠷᠤ ᠪᠠᠷ ᠢ᠋ᠶ᠋ᠠᠨ ᠡᠷᠭᠢᠵᠦ᠂ ᠬᠣᠶᠠᠷ ᠬᠠᠨᠴᠤᠢ ᠶ᠋ᠢᠨ ᠵᠠᠩᠭᠢᠳᠤᠭᠰᠠᠨ ᠦᠵᠦᠭᠦᠷ ᠢ᠋ ᠲᠣᠰᠴᠤ᠂ 
       — ᠮᠠᠢ᠂ ᠲᠠᠢᠯᠤᠭᠠᠳ ᠥᠭ! ᠬᠡᠮᠡᠪᠡᠰᠦ᠂ ᠨᠠᠰᠤᠨᠪᠠᠲᠤ ᠭᠠᠢᠬᠠᠨ ᠦᠵᠡᠵᠦ᠂ ᠲᠡᠷᠡ ᠬᠥᠮᠦᠨ ᠢ᠋ ᠥᠪᠡᠷᠲᠡᠭᠡᠨ ᠵᠠᠰᠠᠬᠤ ᠮᠣᠩᠭᠣᠯ ᠤᠯᠤᠰ ᠤ᠋ᠨ ᠠᠯᠢ ᠣᠯᠢᠭᠲᠠᠢ ᠭᠡᠳᠡᠭ ᠵᠠᠩᠵᠤᠨ ᠤ᠋ ᠨᠢᠭᠡ ᠭᠡᠵᠦ ᠬᠡᠯᠡᠯᠴᠡᠳᠡᠭ ᠮᠠᠩᠯᠠᠢ ᠸᠠᠩ ᠳᠠᠮᠳᠢᠨᠰᠦ᠋ᠷᠦᠩ ᠮᠥᠨ ᠪᠠᠢᠭ᠎ᠠ ᠶ᠋ᠢ ᠲᠠᠨᠢᠪᠠ᠃ ᠤᠷᠢᠳᠤ ᠳᠣᠲᠣᠭᠠᠳᠤ ᠶᠠᠮᠤᠨ ᠳ᠋ᠤ᠌ ᠨᠠᠰᠤᠨᠪᠠᠲᠤ ᠲᠠᠢ ᠳᠠᠭᠠᠷᠢᠯᠳᠤᠵᠤ ᠪᠠᠢᠭᠰᠠᠨ ᠮᠠᠩᠯᠠᠢ ᠸᠠᠩ᠂ ᠲᠡᠭᠦᠨ ᠢ᠋ ᠪᠠᠰᠠ ᠲᠠᠨᠢᠵᠤ᠂ 
       — ᠴᠢ ᠪᠠᠰᠠ ᠣᠷᠣᠭᠠᠳ ᠢᠷᠡᠭᠰᠡᠨ ᠶᠦᠮ ᠤᠤ? ᠵᠠ ᠶᠠᠭᠠᠬᠢᠬᠤ ᠪᠣᠢ᠂ ᠡᠷ᠎ᠡ ᠬᠥᠮᠦᠨ ᠳᠣᠯᠣᠭ᠎ᠠ ᠪᠦᠳᠦᠷᠢᠵᠦ᠂ ᠨᠠᠢ᠍ᠮᠠ ᠰᠡᠭᠡᠳᠡᠭ ᠭᠡᠳᠡᠭ᠃  ᠭᠠᠭᠴᠠᠬᠦ (ᠭᠠᠭᠴᠠ ᠬᠦ᠌)ᠵᠢᠷᠦᠬᠡ ᠦᠭᠡᠢ ᠬᠥᠮᠦᠨ ᠥᠪᠡᠷ ᠢ᠋ᠶ᠋ᠡᠨ ᠴᠦ᠍ ᠠᠮᠢ ᠬᠣᠬᠢᠷᠠᠵᠤ᠂ ᠪᠤᠰᠤᠳ ᠢ᠋ ᠴᠦ᠍ ᠭᠠᠢ ᠳ᠋ᠤ᠌ ᠣᠷᠣᠭᠤᠯᠳᠠᠭ ᠭᠡᠳᠡᠭ ᠢ᠋ ᠪᠣᠳᠣᠭᠠᠷᠠᠢ᠃ ᠳᠠᠢᠰᠤᠨ ᠤ᠋ ᠭᠠᠷ ᠲᠤ᠌ ᠣᠷᠣᠭᠠᠳ ᠵᠢᠷᠦᠬᠡ ᠪᠡᠨ ᠦᠬᠦᠯ ᠦᠭᠡᠢ᠂ ᠡᠷ᠎ᠡ ᠬᠥᠮᠦᠨ ᠰᠢᠭ ᠪᠠᠢᠵᠤ ᠦᠵᠡᠬᠦ ᠶᠣᠰᠣ ᠲᠠᠢ ᠭᠡᠵᠡᠢ᠃ 
       ᠮᠠᠷᠭᠠᠰᠢ ᠶ᠋ᠢᠨ ᠣᠷᠣᠢ ᠠ᠋ᠴᠠ ᠡᠬᠢᠯᠡᠨ ᠮᠠᠩᠯᠠᠢ ᠸᠠᠩ ᠢ᠋ ᠪᠠᠢᠴᠠᠭᠠᠬᠤ ᠪᠠᠷ ᠳᠠᠭᠤᠳᠠᠨ ᠠᠪᠠᠴᠢᠵᠠᠢ᠃ ᠬᠣᠶᠠᠷ ᠡᠲᠡᠭᠡᠳ ᠦ᠋ᠨ ᠲᠠᠰᠤᠯᠭᠠᠨ ᠤ᠋ ᠴᠣᠣᠵᠢ ᠬᠠᠷᠴᠢᠭᠢᠨᠠᠵᠤ᠂ ᠬᠠᠭᠠᠯᠭ᠎ᠠ ᠲᠦᠷᠴᠢᠭᠢᠨᠡᠵᠦ᠂ ᠭᠢᠨᠳᠠᠨ ᠤ᠋ ᠬᠤᠶᠠᠭ ᠤ᠋ᠳ ᠮᠣᠩᠭᠣᠯ ᠨᠡᠷ᠎ᠡ ᠶ᠋ᠢ ᠬᠢᠲᠠᠳ ᠠᠶᠠᠯᠭᠤ ᠪᠠᠷ ᠰᠤᠨᠵᠤᠷᠠᠭᠤᠯᠤᠨ (ᠰᠤᠨᠵᠢᠷᠠᠭᠤᠯᠤᠨ) ᠳᠠᠭᠤᠳᠠᠵᠤ
       — ᠵᠡᠦ ᠮᠧᠢ ᠶᠠᠨ! 
       — ᠮᠠ᠋ ᠺᠧ ᠰᠣ ᠯᠠ ᠵᠡᠦ ᠪᠣ! 
       — ᠨᠠ ᠰᠥᠩ ᠢ᠋ᠶ᠋ᠡᠨ ᠵᠢᠢ ᠡᠯ! 
       — ᠬᠠᠢ ᠳ᠋ᠠᠤ ᠪᠤᠤ ᠴᠧ ᠯᠢᠨ!  
       — ᠵᠢᠢ ᠭᠧᠢ ᠮᠢ ᠳᠧ ᠳ᠋ᠣ᠋ ᠯᠠ ᠵᠢᠢ! ᠡᠳᠡᠭᠡᠷ ᠮᠠᠯ ᠤ᠋ᠳ ᠤ᠋ᠨ ᠨᠡᠷ᠎ᠡ ᠨᠢ ᠬᠦᠷᠲᠡᠯ᠎ᠡ ᠬᠡᠯᠡ ᠡᠭᠡᠳᠡᠷᠡᠵᠦ ᠬᠥᠮᠦᠨ ᠦ᠌ ᠬᠡᠯᠡᠬᠦ ᠶ᠋ᠢᠨ ᠠᠷᠭ᠎ᠠ ᠦᠭᠡᠢ᠂ ᠶᠣᠰᠣ ᠲᠠᠢ ᠮᠠᠯ ᠠᠳᠤᠭᠤᠰᠤᠨ ᠤ᠋ ᠨᠡᠷ᠎ᠡ ᠠᠵᠢ! ᠭᠡᠯᠴᠡᠬᠦ ᠴᠢᠮᠡᠭᠡ ᠰᠣᠨᠣᠰᠳᠠᠪᠠ᠃ 
       ᠰᠥᠨᠢ ᠳᠦᠯᠢ ᠶ᠋ᠢᠨ ᠦᠶᠡᠰ ᠲᠠᠰᠤ ᠵᠣᠳᠣᠭᠤᠯᠵᠤ᠂ ᠤᠯᠠᠭᠠᠨ ᠨᠡᠯᠦᠢ ᠪᠣᠯᠵᠤ ᠬᠥᠮᠦᠨ ᠲᠠᠨᠢᠬᠤ ᠶ᠋ᠢᠨ ᠠᠷᠭ᠎ᠠ ᠦᠭᠡᠢ ᠪᠣᠯᠤᠭᠰᠠᠨ ᠳᠠᠮᠳᠢᠨᠰᠦ᠋ᠷᠦᠩ ᠢ᠋ ᠠᠪᠴᠤ ᠢᠷᠡᠪᠡ᠃ ᠬᠤᠶᠠᠭ᠂ ᠲᠡᠭᠦᠨ ᠢ᠋ ᠲᠡᠮᠲᠡᠷᠢᠨ ᠪᠠᠷᠢᠵᠤ ᠦᠵᠡᠭᠡᠳ᠂ ᠲᠣᠯᠣᠭᠠᠢ ᠪᠠᠨ ᠰᠡᠭᠰᠦᠷᠦᠨ᠂ 
       — ᠮᠠᠨᠠᠢᠬᠢᠨ (ᠮᠠᠨ ᠤ᠋ ᠬᠢᠨ) ᠬᠥᠮᠦᠨ ᠢ᠋ ᠮᠥᠨ ᠰᠦᠢᠳ ᠪᠣᠯᠭᠠᠳᠠᠭ ᠶᠤᠮ ᠠ᠋ ᠳᠠ ᠭᠡᠵᠦ ᠭᠠᠢᠬᠠᠨ ᠳᠤᠤᠭᠠᠷᠪᠠ᠃ 
       — ᠵᠦᠭᠡᠷ᠂ ᠡᠨᠡ ᠮᠠᠯ ᠤ᠋ᠳ ᠶᠡᠬᠡ ᠪᠥᠬᠡ ᠭᠣᠣᠯ ᠲᠠᠢ ᠶᠤᠮ ᠰᠢᠦ᠃ ᠴᠢ ᠨᠠᠭᠠᠳᠤᠬᠢ  ᠳ᠋ᠠᠭᠠᠨ (ᠳ᠋ᠤ᠌ ᠪᠠᠨ)ᠵᠢᠩ ᠲᠠᠯᠪᠢᠭᠠᠳ ᠲᠡᠩᠬᠡᠷᠡᠭᠦᠯ ᠭᠡᠵᠦ ᠭᠢᠨᠳᠠᠨ ᠤ᠋ ᠠᠬᠠᠯᠠᠬᠤ ᠬᠤᠶᠠᠭ᠂ ᠬᠠᠷ᠎ᠠ ᠲᠠᠮᠠᠬᠢᠨ ᠤ᠋ ᠨᠢᠯᠤᠭᠤᠨ ᠦᠨᠦᠷ ᠬᠠᠩᠬᠤᠯᠤᠭᠰᠠᠨ᠂ ᠬᠠᠷ᠎ᠠ ᠲᠠᠮᠠᠬᠢᠨ ᠤ᠋ ᠢᠨᠳᠠᠢ ᠪᠣᠯᠤᠭᠰᠠᠨ ᠬᠥᠮᠦᠨ ᠦ᠌ ᠰᠢᠨᠵᠢ ᠲᠡᠢ ᠵᠢᠪᠡᠬᠡᠢ ᠰᠢᠷ᠎ᠠ ᠴᠢᠷᠠᠢ ᠲᠠᠢ ᠬᠣᠷᠴᠢᠭᠠᠷ ᠭᠠᠮᠢᠩ ᠳᠤᠤᠭᠠᠷᠪᠠ᠃ 
       ᠬᠣᠩᠭᠢᠯ ᠳ᠋ᠠᠬᠢ ᠬᠤᠶᠠᠭ ᠢ᠋ ᠦᠷᠭᠡᠯᠡᠨ ᠨᠣᠢᠷᠮᠤᠭᠯᠠᠵᠤ᠂ ᠭᠠᠭᠴᠠᠬᠦ ᠡᠷᠡᠭᠦᠦ ᠰᠢᠭᠦᠯᠲᠡ ᠲᠤᠯᠭᠠᠭᠤᠯᠵᠤ ᠵᠠᠨᠴᠢᠭᠤᠯᠤᠨ ᠵᠣᠳᠣᠭᠤᠯᠤᠭᠰᠠᠨ ᠬᠥᠮᠦᠨ ᠦ᠌ ᠶᠣᠢᠯᠠᠬᠤ ᠳᠠᠭᠤᠨ ᠰᠣᠨᠣᠰᠳᠠᠵᠤ ᠪᠠᠢᠬᠤ ᠦᠷ ᠦ᠋ᠨ ᠰᠥᠨᠢ ᠪᠡᠷ ᠮᠠᠩᠯᠠᠢ ᠸᠠᠩ ᠮᠡᠳᠡᠭᠡ ᠣᠷᠣᠵᠤ᠂ ᠲᠡᠭᠦᠨ ᠢ᠋ ᠦᠢᠯᠡᠴᠢᠯᠡᠵᠦ ᠪᠠᠢᠭᠰᠠᠨ ᠨᠠᠰᠤᠨᠪᠠᠲᠤ ᠳ᠋ᠤ᠌ ᠰᠢᠪᠡᠭᠡᠨᠡᠨ ᠥᠭᠦᠯᠡᠷᠦᠨ᠂ 
       — ᠨᠠᠮᠠᠶ᠋ᠢ᠂ ᠡᠪᠦᠭᠡᠨ ᠵᠠᠮᠢᠶᠠᠨ᠂ ᠬᠠᠳᠠᠨ ᠪᠠᠭᠠᠲᠤᠷ᠂ ᠵᠢᠭᠮᠡᠳᠳᠣᠷᠵᠢ ᠪᠢᠳᠡᠨ ᠢ᠋ ᠨᠢᠭᠡᠨ ᠳᠣᠣᠷ᠎ᠠ ᠪᠠᠢᠴᠠᠭᠠᠨ ᠠᠰᠠᠭᠤᠪᠠ᠃ ᠰᠠᠮᠪᠤᠤ᠂ ᠭᠣᠣ ᠰᠧ ᠯᠢᠩ᠂ ᠴᠦ᠍ ᠯᠢᠦᠢ ᠵᠠᠩ ᠪᠠᠢᠯᠴᠠᠨ ᠪᠠᠢᠴᠠᠭᠠᠪᠠ᠃ ᠪᠣᠭᠳᠠ ᠶ᠋ᠢᠨ ᠳᠡᠷᠭᠡᠳᠡᠬᠢ ᠬᠥᠮᠦᠨ ᠪᠢᠳᠡᠨ ᠢ᠋ ᠪᠠᠷᠢᠵᠤ ᠥᠭᠭᠦᠭᠰᠡᠨ ᠪᠠᠢᠨ᠎ᠠ᠃ ᠭᠠᠮᠢᠩ ᠤ᠋ᠳ ᠵᠠᠮᠢᠶᠠᠨ ᠤ᠋ ᠵᠣᠬᠢᠶᠠᠨ ᠪᠢᠴᠢᠵᠦ᠂ ᠪᠣᠭᠳᠠ ᠶ᠋ᠢᠨ ᠮᠣᠳᠣᠷ ᠤ᠋ᠨ ᠲᠡᠮᠳᠡᠭ ᠳᠠᠷᠤᠭᠰᠠᠨ ᠪᠢᠴᠢᠭ ᠦ᠋ᠨ ᠤᠴᠢᠷ ᠢ᠋ ᠣᠯᠵᠤ ᠮᠡᠳᠡᠭᠰᠡᠨ ᠪᠠᠢᠨ᠎ᠠ᠃ ᠪᠠᠰᠠ ᠬᠠᠭᠠᠨ ᠢ᠋ ᠵᠠᠮᠢᠶᠠᠨ᠂ ᠬᠠᠳᠠᠨ ᠪᠠᠭᠠᠲᠤᠷ ᠪᠢᠳᠡ ᠭᠤᠷᠪᠠ ᠶ᠋ᠢ ᠤᠯᠤᠰ ᠲᠥᠷᠥ ᠶ᠋ᠢᠨ ᠤᠴᠢᠷ ᠲᠡᠷᠡ ᠰᠥᠨᠢ ᠭᠦᠷᠢᠮ ᠭᠠᠷᠭᠠᠬᠤ ᠳ᠋ᠤ᠌ ᠪᠠᠢᠯᠴᠠᠵᠤ ᠬᠢᠴᠢᠶᠡᠨ ᠵᠠᠯᠪᠠᠷᠢ ᠭᠡᠰᠡᠨ ᠭᠡᠵᠦ ᠣᠯᠵᠤ ᠮᠡᠳᠡᠭᠰᠡᠨ ᠪᠠᠢᠨ᠎ᠠ᠃ ᠵᠢᠭᠮᠡᠳᠳᠣᠷᠵᠢ ᠳ᠋ᠤ᠌ ᠲᠤᠯᠭᠠᠬᠤ ᠢᠯᠡᠷᠬᠡᠢ ᠪᠠᠷᠢᠮᠲᠠ ᠲᠡᠳᠦᠢᠯᠡ ᠦᠭᠡᠢ ᠲᠤᠯᠠ ᠲᠡᠷᠡ ᠮᠠᠨᠢ ᠣᠭᠲᠣ ᠬᠦᠯᠢᠶᠡᠭᠰᠡᠨ ᠦᠭᠡᠢ᠃ ᠬᠠᠳᠠᠨ ᠪᠠᠭᠠᠲᠤᠷ ᠵᠠᠮᠢᠶᠠᠨ ᠪᠢᠳᠡ ᠭᠤᠷᠪᠠ ᠪᠡᠶ᠎ᠡ ᠪᠡᠨ ᠠᠷᠠᠳ ᠤ᠋ᠨ ᠨᠠᠮ ᠤ᠋ᠨ ᠭᠡᠰᠢᠭᠦᠨ ᠭᠡᠵᠦ ᠬᠦᠯᠢᠶᠡᠭᠰᠡᠨ᠃ ᠨᠢᠭᠤᠭᠠᠳ ᠴᠤ᠌ ᠶᠠᠭᠤ ᠬᠢᠬᠦ ᠪᠣᠢ᠂ ᠲᠡᠳᠡᠨ ᠦ᠌ ᠮᠡᠳᠡᠵᠦ ᠪᠠᠢᠭ᠎ᠠ ᠶᠠᠭᠤᠮ᠎ᠠ ᠶ᠋ᠢ᠃ ᠪᠠᠰᠠ ᠮᠠᠨ ᠤ᠋ ᠨᠥᠬᠥᠷ ᠰᠦᠬᠡᠪᠠᠭᠠᠲᠤᠷ᠂ ᠴᠣᠢᠪᠠᠯᠰᠠᠩ ᠨᠠᠷ ᠢ᠋ ᠣᠷᠣᠰ ᠤᠯᠤᠰ ᠠ᠋ᠴᠠ ᠲᠤᠰᠠᠯᠠᠮᠵᠢ ᠭᠤᠶᠤᠬᠤ ᠪᠠᠷ ᠣᠳᠤᠭᠰᠠᠨ ᠨᠢ ᠦᠨᠡᠨ᠂ ᠭᠦᠷᠢᠮ ᠭᠠᠷᠭᠠᠬᠤ ᠳ᠋ᠤ᠌ ᠪᠢᠳᠡᠨ ᠢ᠋ ᠪᠠᠢᠯᠴᠠᠨ᠎ᠠ ᠤᠤ ᠭᠡᠵᠦ ᠬᠠᠭᠠᠨ ᠠ᠋ᠴᠠ ᠪᠢᠳᠡᠨ ᠳ᠋ᠦ᠍ ᠤᠯᠠᠮᠵᠢᠯᠠᠭᠰᠠᠨ ᠢ᠋ ᠦᠨᠡᠨ ᠭᠡᠵᠦ ᠬᠦᠯᠢᠶᠡᠯ᠎ᠡ —— ᠲᠡᠭᠡᠭᠡᠳ ᠪᠢ ᠭᠣᠣ ᠰᠧ ᠯᠢᠩ ᠳ᠋ᠦ᠍ ᠪᠢ ᠴᠡᠷᠢᠭ ᠦ᠋ᠨ ᠡᠷ᠎ᠡ᠃ ᠴᠢᠮ᠎ᠠ ᠰᠢᠭ᠋ ᠳᠠᠢᠰᠤᠨ ᠡᠲᠡᠭᠡᠳ ᠲᠡᠢ ᠬᠠᠯᠠᠭᠤᠨ ᠠᠮᠢ ᠪᠦᠯᠢᠶᠡᠨ ᠴᠢᠰᠤ ᠪᠠᠨ ᠬᠠᠢᠷ᠎ᠠ ᠦᠭᠡᠢ  ᠪᠠᠢᠯᠳᠤᠵᠤ ᠶᠠᠪᠤᠭᠰᠠᠨ᠃ ᠮᠠᠨ ᠤ᠋ ᠨᠠᠮ ᠠ᠋ᠴᠠ ᠪᠠᠢᠯᠳᠤ ᠭᠡᠪᠡᠯ ᠪᠢ ᠪᠠᠰᠠ ᠯᠠ ᠪᠠᠢᠯᠳᠤᠨ᠎ᠠ ᠭᠡᠵᠦ ᠬᠡᠯᠡᠭᠡᠳ ᠥᠭᠡᠷ᠎ᠡ ᠶᠠᠭᠤ ᠴᠤ᠌ ᠬᠡᠯᠡᠭᠰᠡᠨ ᠦᠭᠡᠢ᠂ ᠨᠠᠮᠠᠶ᠋ᠢ ᠲᠦᠮᠡᠨ ᠬᠡᠰᠡᠭ ᠣᠭᠲᠣᠴᠢᠭᠰᠠᠨ ᠴᠤ᠌ ᠬᠡᠯᠡᠬᠦ ᠦᠭᠡᠢ᠃ ᠪᠢ ᠰᠦᠬᠡᠪᠠᠭᠠᠲᠤᠷ᠂ ᠴᠣᠢᠪᠠᠯᠰᠠᠩ ᠤ᠋ᠨ ᠬᠡᠷᠡᠭ ᠶᠠᠪᠤᠳᠠᠯ ᠬᠦᠴᠦᠨ ᠲᠡᠢ ᠪᠣᠯᠵᠤ ᠢᠯᠠᠨ᠎ᠠ ᠭᠡᠵᠦ ᠢᠲᠡᠭᠡᠳᠡᠭ ᠬᠥᠮᠦᠨ᠃ ᠪᠢᠳᠡᠨ ᠦ᠌ ᠬᠡᠳᠦᠨ ᠬᠥᠮᠦᠨ ᠳᠠᠢᠰᠤᠨ ᠭᠠᠮᠢᠩ ᠤ᠋ᠨ ᠭᠠᠷ ᠲᠤ᠌ ᠪᠠᠷᠢᠭᠳᠠᠭᠠᠳ ᠦᠬᠦᠬᠦ ᠨᠢ ᠥᠴᠦᠬᠡᠨ ᠬᠡᠷᠡᠭ᠃ ᠶᠠᠮᠠᠷ ᠴᠤ᠌ ᠲᠡᠮᠡᠴᠡᠯ ᠳ᠋ᠦ᠍ ᠠᠮᠢ ᠬᠣᠬᠢᠷᠠᠬᠤ ᠬᠥᠮᠦᠨ ᠪᠠᠢᠬᠤ ᠨᠢ ᠶᠣᠰᠣ᠃ ᠬᠠᠷᠢᠨ ᠴᠢᠮᠠᠶ᠋ᠢ ᠠᠩ ᠤ᠋ᠨ ᠬᠠᠷᠠᠳᠠᠵᠤ ᠰᠡᠵᠢᠭᠯᠡᠭᠰᠡᠨ ᠢ᠋ᠶ᠋ᠡᠷ ᠪᠠᠷᠢᠭᠰᠠᠨ ᠪᠠᠢᠵᠤ ᠪᠣᠯᠣᠰᠢ ᠦᠭᠡᠢ᠃ ᠡᠰᠡᠪᠡᠰᠦ ᠲᠡᠷᠡ ᠤᠷᠪᠠᠨ ᠲᠡᠷᠰᠯᠡᠭᠰᠡᠨ ᠨᠢᠮᠠᠵᠠᠪ᠂  ᠵᠢᠭ᠌ᠮᠡᠳᠳᠣᠷᠵᠢ ᠲᠠ ᠬᠣᠶᠠᠷ ᠢ᠋ ᠵᠢᠭᠠᠵᠤ ᠥᠭᠭᠦᠭᠰᠡᠨ ᠶᠦᠮ ᠪᠢᠯᠢᠤ᠂ ᠶᠠᠭᠤ ᠴᠤ᠌ ᠪᠣᠯᠤᠭᠰᠠᠨ ᠴᠢ ᠶᠡᠷᠦ ᠭᠠᠳᠠᠨ᠎ᠠ ᠪᠠᠢᠭ᠎ᠠ ᠵᠢᠷᠤᠮ ᠤ᠋ᠨ ᠨᠥᠬᠥᠳ ᠢ᠋ ᠪᠠᠷᠢᠵᠤ ᠥᠭᠭᠦᠭᠡᠳ ᠳᠠᠢᠰᠤᠨ ᠳ᠋ᠤ᠌ ᠲᠤᠰᠠᠯᠠᠭᠰᠠᠨ ᠠ᠋ᠴᠠ ᠶᠠᠰᠤ ᠪᠠᠨ ᠬᠤᠭᠤᠷᠠᠭᠰᠠᠨ ᠨᠢ ᠳᠡᠭᠡᠷ᠎ᠡ ᠭᠡᠵᠦ ᠮᠡᠳᠡᠭᠡᠷᠡᠢ᠃ ᠬᠥᠮᠦᠨ ᠨᠢᠭᠡ ᠯᠡ ᠦᠬᠦᠳᠡᠭ ᠶᠦᠮ᠃ ᠲᠡᠭᠡᠬᠦ ᠳ᠋ᠦ᠍ ᠤᠷᠪᠠᠨ ᠲᠡᠷᠰᠯᠡᠭᠰᠡᠨ ᠵᠢᠷᠤᠮ ᠦᠭᠡᠢ ᠬᠥᠮᠦᠨ ᠦ᠌ ᠶᠠᠰᠤ ᠢᠯᠵᠠᠷᠠᠨ ᠬᠡᠳᠦᠢ ᠦᠭᠡᠢ ᠪᠣᠯᠪᠠᠴᠤ᠂ ᠦᠮᠡᠬᠡᠢ ᠨᠡᠷ᠎ᠡ ᠨᠢ ᠲᠦᠮᠡᠨ ᠦᠶ᠎ᠡ ᠳ᠋ᠦ᠍ ᠬᠣᠴᠣᠷᠳᠠᠭ ᠭᠡᠳᠡᠭ ᠭᠡᠯ᠎ᠡ᠃ 
       ᠲᠡᠷᠡ ᠡᠳᠦᠷ ᠨᠠᠰᠤᠨᠪᠠᠲᠤ ᠶ᠋ᠢ ᠴᠦ᠍ ᠯᠢᠦᠢ ᠵᠠᠩ ᠳᠠᠭᠤᠳᠠᠨ ᠠᠪᠴᠢᠷᠠᠵᠤ ᠪᠠᠢᠴᠠᠭᠠᠨ ᠠᠰᠠᠭᠤᠪᠠ᠃ ᠭᠠᠮᠢᠩ ᠴᠡᠷᠢᠭ ᠦ᠋ᠨ ᠲᠡᠷᠡ ᠨᠣᠶᠠᠨ ᠮᠠᠰᠢ ᠡᠶᠡᠯᠳᠡᠭ ᠰᠠᠢᠬᠠᠨ ᠵᠠᠩ ᠲᠠᠢ ᠳᠦᠷᠢᠮ ᠦᠵᠡᠭᠦᠯᠵᠦ ᠬᠡᠯᠡᠬᠦ ᠦᠭᠡ ᠶᠡᠬᠡᠯ᠎ᠡ ᠨᠠᠢᠷᠲᠠᠢ᠃ ᠨᠠᠰᠤᠨᠪᠠᠲᠤ ᠶ᠋ᠢᠨ ᠬᠢᠲᠠᠳ ᠠᠶᠠᠯᠭᠤ ᠮᠠᠰᠢ ᠴᠡᠪᠡᠷ ᠨᠠᠷᠢᠨ ᠭᠡᠵᠦ ᠮᠠᠭᠲᠠᠭᠠᠳ᠂ ᠳᠤᠮᠳᠠᠳᠤ ᠢᠷᠭᠡᠨ ᠶᠡᠬᠡ ᠤᠯᠤᠰ ᠤ᠋ᠨ ᠤᠳᠬ᠎ᠠ ᠰᠣᠶᠣᠯ ᠨᠡᠪᠲᠡᠷᠡᠭᠰᠡᠨ ᠬᠥᠮᠦᠨ ᠦ᠌ ᠬᠤᠪᠢ ᠳ᠋ᠤ᠌ ᠤᠴᠢᠷ ᠢ᠋ ᠮᠡᠳᠡᠵᠦ᠂ ᠡᠷᠬᠡᠪᠰᠢ ᠨᠢᠭᠡᠨ ᠴᠠᠭ ᠤ᠋ᠨ ᠡᠨᠳᠡᠭᠳᠡᠯ ᠢ᠋ ᠬᠦᠯᠢᠶᠡᠵᠦ᠂《 ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠳᠬᠡᠬᠦ》 ᠶᠠᠮᠤᠨ᠎ᠠ ᠲᠠᠪᠤᠨ ᠤᠭᠰᠠᠭ᠎ᠠ ᠶ᠋ᠢ ᠨᠠᠢᠷᠠᠭᠤᠯᠬᠤ ᠶ᠋ᠢᠨ ᠰᠤᠷᠲᠠᠯ ᠢ᠋ᠶ᠋ᠠᠷ ᠮᠣᠩᠭᠣᠯ ᠤ᠋ᠨ ᠠᠷᠠᠳ ᠣᠯᠠᠨ ᠢ᠋ ᠬᠥᠮᠦᠵᠢᠭᠦᠯᠬᠦ ᠶᠠᠪᠤᠳᠠᠯ ᠳ᠋ᠤ᠌ ᠡᠷᠬᠡ ᠦᠭᠡᠢ ᠦᠨᠡᠨ ᠰᠡᠳᠬᠢᠯ ᠢ᠋ᠶ᠋ᠡᠷ ᠬᠦᠴᠦᠨ ᠲᠤᠰᠠᠯᠠᠯᠴᠠᠬᠤ ᠪᠣᠯᠪᠠᠤ ᠭᠡᠳ ᠡᠴᠦᠰ ᠲᠦ᠋ᠨᠢ ᠶᠠᠩᠵᠤᠤᠷ ᠬᠦᠷᠲᠡᠯ᠎ᠡ ᠲᠠᠲᠠᠭᠤᠯᠤᠭᠠᠳ ᠪᠤᠴᠠᠭᠠᠬᠤ ᠳ᠋ᠠᠭᠠᠨ᠂ ᠦᠳᠡᠰᠢ ᠪᠣᠯᠲᠠᠯ᠎ᠠ ᠪᠣᠳᠣᠭᠠᠳ ᠢᠷᠡᠭᠡᠷᠡᠢ ᠭᠡᠵᠦ ᠵᠠᠬᠢᠨ ᠶᠠᠪᠤᠭᠤᠯᠪᠠ᠃ 
       ᠲᠡᠷᠡ ᠦᠳᠡᠰᠢ ᠶ᠋ᠢᠨ ᠪᠠᠢᠴᠠᠭᠠᠯᠭᠠᠨ ᠠ᠋ᠴᠠ ᠨᠠᠰᠤᠨᠪᠠᠲᠤ ᠬᠠᠴᠠᠷ ᠢ᠋ᠶ᠋ᠠᠨ ᠱᠠᠬᠠᠢ ᠪᠠᠷ ᠬᠠᠪᠤᠳᠲᠠᠯ᠎ᠠ ᠵᠠᠨᠴᠢᠭᠤᠯᠤᠭᠠᠳ ᠪᠤᠴᠠᠵᠤ ᠢᠷᠡᠪᠡ᠃ ᠲᠡᠭᠡᠭᠡᠳ᠂ ᠪᠤᠰᠤᠳ ᠬᠣᠷᠢᠭᠳᠠᠯ ᠤ᠋ᠨ ᠨᠢᠭᠡᠨ ᠠᠳᠠᠯᠢ ᠪᠠᠷ ᠲᠡᠷᠡ ᠬᠠᠷᠭᠢᠰ ᠭᠠᠮᠢᠩ ᠤ᠋ᠨ ᠲᠡᠮᠦᠯᠡᠨ ᠵᠣᠪᠠᠭᠠᠬᠤ ᠮᠥᠷᠳᠡᠨ ᠪᠠᠢᠴᠠᠭᠠᠯᠲᠠ ᠶ᠋ᠢᠨ ᠠᠶᠤᠮᠰᠢᠭᠲᠤ ᠭᠢᠨᠳᠠᠨ ᠳ᠋ᠤ᠌ ᠵᠦᠢᠯ ᠵᠦᠢᠯ ᠦ᠋ᠨ ᠳᠠᠷᠤᠯᠠᠵᠤ ᠳᠣᠷᠣᠮᠵᠢᠯᠠᠬᠤ᠂ ᠲᠠᠮᠤᠯᠠᠵᠤ ᠵᠣᠪᠠᠭᠠᠬᠤ ᠪᠡᠶ᠎ᠡ ᠰᠡᠳᠬᠢᠯ ᠦ᠋ᠨ ᠡᠷᠡᠭᠦᠦ ᠬᠣᠣᠷ ᠢ᠋ ᠡᠳ᠋ᠯᠡᠬᠦ᠂ ᠬᠥᠮᠦᠨ ᠠᠮᠢᠲᠠᠨ ᠤ᠋ ᠤᠬᠠᠭᠠᠨ ᠰᠠᠨᠠᠭᠠᠨ ᠳ᠋ᠤ᠌ ᠤᠷᠤᠰᠢ ᠦᠭᠡᠢ ᠠᠶᠤᠮᠰᠢᠭᠲᠠᠢ ᠲᠠᠮᠤ ᠶ᠋ᠢᠨ ᠠᠮᠢᠳᠤᠷᠠᠯ ᠡᠬᠢᠯᠡᠪᠡ᠃ 
       ᠬᠣᠰᠢᠭᠠᠳ(ᠬᠣᠰᠢᠶᠠᠳ) ᠰᠠᠷ᠎ᠠ ᠥᠩᠭᠡᠷᠡᠲᠡᠯ᠎ᠡ᠂ ᠮᠠᠩᠯᠠᠢ ᠸᠠᠩ ᠦᠬᠦᠪᠡ᠃ ᠰᠠᠬᠠᠯ ᠦᠰᠦ ᠨᠢ ᠰᠠᠭᠰᠠᠢᠨ ᠤᠷᠭᠤᠵᠤ᠂ ᠭᠡᠵᠢᠭᠡ ᠨᠢ ᠰᠢᠷᠢᠯᠳᠦᠨ ᠲᠠᠬᠢᠷᠠᠵᠤ (ᠳᠠᠭᠠᠬᠢᠷᠠᠵᠤ)᠂ ᠨᠢᠭᠤᠷ ᠨᠢ ᠵᠣᠲᠣ ᠵᠣᠳᠣᠭᠤᠯᠤᠭᠰᠠᠭᠠᠷ ᠡᠳᠡᠭᠡᠬᠦ ᠪᠡᠨ ᠪᠠᠢᠭᠰᠠᠨ ᠰᠢᠷᠬ᠎ᠠ ᠶ᠋ᠢᠨ ᠬᠣᠯᠲᠣᠷᠠᠤ ᠪᠣᠯᠤᠭᠰᠠᠨ ᠮᠠᠩᠯᠠᠢ ᠸᠠᠩ ᠳᠠᠮᠳᠢᠨᠰᠦ᠋ᠷᠦᠩ ᠠᠯᠢ ᠬᠡᠳᠦᠢᠨ ᠨᠠᠮᠬᠠᠨ ᠮᠠᠭᠤᠬᠠᠢ ᠪᠠᠩᠵᠠᠨ (ᠪᠠᠨᠰᠠᠨ) ᠣᠷᠣᠨ ᠳᠡᠭᠡᠷ᠎ᠡ ᠡᠴᠡ ᠪᠣᠰᠴᠤ ᠴᠢᠳᠠᠬᠤ ᠪᠠᠨ ᠪᠠᠢᠵᠤ ᠬᠡᠪᠲᠡᠬᠦ ᠪᠥᠯᠥᠭᠡ᠃ ᠦᠬᠦᠯ ᠣᠢᠷᠠᠲᠤᠭᠰᠠᠨ ᠢ᠋ ᠮᠡᠳᠡᠭᠡᠳ ᠭᠡᠨᠡᠳᠲᠡ ᠡᠴᠦᠰ ᠦ᠋ᠨ ᠬᠦᠴᠦ ᠶ᠋ᠢ ᠰᠢᠪᠬᠠᠨ ᠥᠨᠳᠡᠢᠵᠦ᠂ ᠴᠠᠩ ᠪᠣᠯᠤᠭᠰᠠᠨ ᠴᠣᠩᠬᠣᠨ ᠤ᠋ ᠮᠥᠰᠥᠲᠦᠭᠰᠡᠨ ᠲᠡᠮᠦᠷ ᠰᠡᠷᠡᠯᠵᠢᠨ ᠡᠴᠡ ᠲᠡᠳᠡᠨ ᠪᠠᠷᠢᠵᠤ ᠥᠭᠡᠳᠡ ᠪᠡᠨ ᠪᠣᠰᠤᠭᠠᠳ᠂  
       — ᠮᠣᠩᠭᠣᠯ ᠤ᠋ᠨ ᠪᠠᠭᠠᠲᠤᠷ ᠡᠷ᠎ᠡ᠂ ᠳᠠᠢᠰᠤᠨ ᠤ᠋ ᠭᠠᠷ ᠲᠤ᠌ ᠣᠷᠣᠭᠠᠳ᠂ ᠬᠥᠯ ᠳ᠋ᠦ᠍ ᠨᠢ ᠨᠣᠬᠠᠢ ᠰᠢᠭ᠋ ᠦᠬᠦᠳᠡᠭ ᠦᠭᠡᠢ ᠶᠦᠮ᠃ ᠪᠢ ᠵᠣᠭᠰᠣᠭ᠎ᠠ ᠪᠠᠷ ᠢ᠋ᠶ᠋ᠠᠨ ᠦᠬᠦᠨ᠎ᠡ! ᠭᠡᠵᠦ ᠬᠠᠰᠬᠢᠷᠤᠭᠠᠳ ᠦᠬᠦᠳᠬᠢᠨ ᠤᠨᠠᠵᠠᠢ᠃ *  
       ᠮᠠᠩᠯᠠᠢ ᠸᠠᠩ ᠳᠠᠮᠳᠢᠨᠰᠦ᠋ᠷᠦᠩ ᠢ᠋ ᠦᠬᠦᠭᠰᠡᠨ ᠡᠴᠡ ᠬᠣᠢᠰᠢ ᠨᠠᠰᠤᠨᠪᠠᠲᠤ ᠶ᠋ᠢ ᠬᠥᠮᠦᠨ ᠠᠮᠢᠲᠠᠨ ᠫᠢᠭ ᠳᠦᠭᠦᠷᠡᠩ ᠴᠢᠬᠢᠭᠰᠡᠨ ᠨᠡᠢᠲᠡ ᠶ᠋ᠢᠨ ᠲᠠᠰᠤᠯᠭᠠᠨ ᠳ᠋ᠤ᠌ ᠣᠷᠣᠭᠤᠯᠵᠠᠢ᠃ ᠲᠡᠨᠳᠡ ᠣᠷᠣᠭᠠᠳ ᠨᠠᠰᠤᠨᠪᠠᠲᠤ《ᠰᠡᠭᠦᠯ ᠦ᠋ᠨ ᠰᠣᠨᠢᠨ》 ᠣᠯᠵᠤ ᠰᠣᠨᠣᠰᠬᠤ ᠨᠥᠬᠥᠴᠡᠯ ᠲᠡᠢ ᠪᠣᠯᠪᠠ᠃ ᠰᠢᠨ᠎ᠡ ᠪᠠᠷᠢᠬᠳᠠᠭᠰᠠᠳ ᠳᠣᠲᠣᠷ᠎ᠠ ᠠ᠋ᠴᠠ ᠬᠠᠭᠤᠴᠢᠨ ᠴᠡᠷᠢᠭ ᠦ᠋ᠨ ᠶᠠᠮᠤᠨ ᠤ᠋ ᠪᠢᠴᠢᠭᠡᠴᠢ ᠪᠠᠢᠭᠰᠠᠨ ᠰᠠᠢᠨᠪᠢᠯᠢᠭ᠌᠂ ᠨᠠᠰᠤᠨᠪᠠᠲᠤ ᠶ᠋ᠢᠨ ᠵᠢᠰᠦ ᠲᠠᠨᠢᠬᠤ ᠬᠥᠮᠦᠨ ᠪᠠᠢᠵᠤ ᠰᠣᠨᠢᠨ ᠢ᠋ ᠶᠠᠷᠢᠬᠤ ᠳ᠋ᠤ᠌ ᠪᠠᠨ᠂ ᠬᠦᠷᠢᠶᠡᠨ ᠦ᠌ ᠬᠥᠮᠦᠨ ᠠᠮᠢᠲᠠᠨ ᠢ᠋ ᠬᠠᠷᠭᠢᠰ ᠭᠠᠮᠢᠩ ᠤ᠋ᠳ ᠠᠶᠤᠯᠭᠠᠨ ᠰᠦᠷᠳᠡᠭᠦᠯᠦᠨ ᠰᠦᠢᠳ ᠪᠣᠯᠵᠤ ᠪᠠᠢᠨ᠎ᠠ ᠭᠡᠵᠦ ᠶᠠᠷᠢᠪᠠ᠃ 
       ᠬᠦᠷᠢᠶᠡᠨ ᠳ᠋ᠦ᠍ ᠭᠢᠨᠳᠠᠨ ᠱᠣᠷᠣᠩ ᠴᠥᠮ ᠲᠠᠭ ᠳᠦᠭᠦᠷᠡᠩ ᠪᠣᠯᠵᠠᠢ᠃ ᠪᠡᠭᠡᠵᠢᠩ ᠳ᠋ᠦ᠍ ᠶᠠᠫᠣᠨ ᠤ᠋ ᠲᠠᠯ᠎ᠠ ᠶ᠋ᠢᠨ ᠠᠨ ᠹᠤᠤ ᠨᠠᠮ ᠤ᠋ᠨ ᠳ᠋ᠤᠸᠠᠨ ᠴᠢ ᠿᠦᠢ ᠶ᠋ᠢᠨ ᠪᠦᠯᠦᠭ ᠳᠠᠷᠤᠭᠳᠠᠨ ᠰᠦᠢᠷᠡᠭᠡᠳ᠂ ᠡᠷᠬᠡ ᠶ᠋ᠢ ᠰᠢᠨ᠎ᠡ ᡁᠢ ᠯᠢ ᠨᠠᠮ ᠤ᠋ᠨ ᠡᠲᠡᠭᠡᠳ ᠪᠤᠯᠢᠶᠠᠨ ᠠᠪᠴᠤ᠂ ᠰᠢᠨ᠎ᠡ ᠶᠡᠷᠦᠩᠬᠡᠢᠯᠡᠭᠴᠢ ᠼᠤᠤ ᠺᠦᠨ᠂ ᠳ᠋ᠤᠸᠠᠨ ᠴᠢ ᠿᠦᠢ᠂  ᠰᠢᠦᠢ ᠱᠤ᠌ ᠵᠧᠩ ᠬᠣᠶᠠᠷ ᠢ᠋ ᠪᠠᠷᠢᠵᠤ ᠠᠪᠤᠪᠠ᠃ ᠮᠣᠩᠭᠣᠯ ᠤᠯᠤᠰ ᠢ᠋ ᠳᠠᠷᠤᠩᠭᠤᠢᠯᠠᠨ ᠵᠠᠬᠢᠷᠴᠤ ᠪᠠᠢᠭᠰᠠᠨ᠂《ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠣᠳᠣᠭᠤᠯᠤᠨ ᠰᠢᠳᠬᠡᠭᠴᠢ ᠳᠠᠷᠤᠭ᠎ᠠ》 ᠭᠡᠭᠳᠡᠵᠦ ᠪᠠᠢᠭᠰᠠᠨ ᠰᠢᠦᠢ ᠣᠢᠷᠠᠬᠠᠨ ᠵᠠᠭᠤᠷ᠎ᠠ᠂ ᠳ᠋ᠠᠩ ᠭᠠᠭᠴᠠ ᠬᠥᠳᠡᠯᠬᠦ ᠬᠥᠷᠥᠩᠭᠡ ᠭᠡᠪᠡᠯ ᠨᠢᠭᠡᠨ ᠰᠠᠶ᠎ᠠ ᠶᠠᠩᠴᠢᠶᠠᠨ ᠤ᠋ ᠬᠥᠷᠥᠩᠭᠡ ᠲᠡᠢ ᠪᠣᠯᠤᠭᠠᠳ ᠶᠣᠰᠣ ᠪᠤᠰᠤ ᠪᠠᠷ ᠣᠯᠤᠭᠰᠠᠨ ᠬᠠᠮᠤᠭ ᠪᠦᠬᠦ ᠬᠥᠷᠥᠩᠭᠡ ᠪᠡᠨ ᠬᠤᠷᠢᠶᠠᠯᠭᠠᠨ ᠠᠯᠳᠠᠵᠤ᠂ ᠬᠦᠷᠢᠶᠡᠨ᠎ᠡ ᠲᠡᠭᠦᠨ ᠢ᠋ ᠬᠠᠮᠢᠶᠠᠷᠤᠭᠰᠠᠨ ᠭᠣᠣ ᠰᠧ ᠯᠢᠩ ᠭᠧᠨᠧᠷᠠᠯ᠂ ᡁᠢ ᠯᠢ ᠨᠠᠮ ᠤ᠋ᠨ ᠲᠠᠯ᠎ᠠ ᠳ᠋ᠤ᠌ ᠤᠷᠪᠠᠨ ᠣᠷᠣᠵᠠᠢ᠃ 
       ᠤᠯᠠᠭᠠᠨ ᠴᠡᠷᠢᠭ᠂ ᠰᠢᠪᠢᠷ ᠲᠦ᠍ ᠴᠠᠭᠠᠨᠲᠠᠨ ᠢ᠋ ᠳᠠᠷᠤᠨ ᠰᠥᠨᠥᠭᠡᠵᠦ᠂ ᠮᠣᠩᠭᠣᠯ ᠤ᠋ᠨ ᠵᠠᠬ᠎ᠠ ᠨᠤᠲᠤᠭ ᠬᠦᠷᠲᠡᠯᠡᠬᠢ ᠭᠠᠵᠠᠷ ᠣᠷᠣᠨ ᠢ᠋ᠶ᠋ᠠᠨ ᠠᠷᠢᠭᠤᠳᠬᠠᠪᠠ᠃ ᠴᠠᠭᠠᠨ ᠤ᠋ ᠦᠯᠡᠳᠡᠭᠳᠡᠯ ᠴᠡᠷᠢᠭ ᠮᠣᠩᠭᠣᠯ ᠭᠠᠵᠠᠷ ᠨᠡᠪᠲᠡᠷᠡᠨ ᠵᠠᠢᠯᠠᠵᠠᠢ᠃ ᠨᠠᠮᠤᠷ ᠤ᠋ᠨ ᠳᠤᠮᠳᠠ ᠰᠠᠷ᠎ᠠ ᠳ᠋ᠤ᠌᠂ ᠪᠠᠷᠤᠨ ᠦᠩᠭᠧᠷᠡᠨ ᠦ᠌ ᠨᠢᠭᠡᠨ ᠳ᠋ᠢᠸᠢᠽᠢ ᠴᠡᠷᠢᠭ᠂ ᠰᠡᠴᠡᠨ ᠬᠠᠨ ᠤ᠋ ᠠᠢᠮᠠᠭ ᠲᠤ᠌ ᠴᠥᠮᠥᠷᠢᠨ ᠣᠷᠣᠵᠤ᠂ ᠪᠠᠷᠤᠨ᠂ ᠪᠣᠭᠳᠠ ᠳ᠋ᠤ᠌ ᠬᠥᠮᠦᠨ ᠵᠠᠷᠤᠵᠤ ᠰᠠᠮ ᠬᠡᠯᠡᠯᠴᠡᠭᠡ ᠬᠢᠭᠡᠳ᠂ ᠨᠠᠮᠤᠷ ᠤ᠋ᠨ ᠠᠳᠠᠭ ᠰᠠᠷ᠎ᠠ ᠶ᠋ᠢᠨ ᠠᠷᠪᠠᠨ ᠳᠥᠷᠪᠡᠨ ᠦ᠌ ᠦᠷ ᠰᠥᠨᠢ ᠵᠠᠪᠰᠠᠷᠯᠠᠬᠤ ᠶ᠋ᠢᠨ ᠦᠶ᠎ᠡ ᠪᠡᠷ ᠬᠦᠷᠢᠶ᠎ᠡ ᠶ᠋ᠢ ᠪᠠᠢᠯᠳᠤᠨ ᠳᠠᠭᠠᠷᠢᠭᠠᠳ᠂ ᠵᠡᠭᠦᠨ ᠵᠦᠭ ᠪᠠᠶᠠᠨᠵᠢᠷᠦᠬᠡ ᠠᠭᠤᠯᠠ ᠶ᠋ᠢᠨ ᠬᠠᠪᠢ ᠳ᠋ᠤ᠌ ᠶᠡᠬᠡᠳᠡ ᠳᠠᠷᠤᠭᠳᠠᠵᠠᠢ᠃ ᠬᠠᠭᠠᠨ ᠡᠳᠦᠭᠡ ᠭᠢᠨᠳᠠᠨ᠎ᠠ ᠬᠣᠷᠢᠭᠳᠠᠪᠠ᠃ ᠭᠠᠮᠢᠩ ᠳ᠋ᠤ᠌ ᠳᠤᠷ᠎ᠠ ᠦᠭᠡᠢ ᠪᠠᠢᠭᠰᠠᠨ ᠨᠣᠶᠠᠳ᠂ ᠤᠰᠠᠳᠬᠠᠭᠰᠠᠨ ᠤᠯᠤᠰ ᠤ᠋ᠨ ᠳᠣᠣᠷᠠᠲᠤ ᠬᠤᠷᠠᠯ ᠤ᠋ᠨ ᠭᠡᠰᠢᠭᠦᠨ ᠪᠠᠢᠭᠰᠠᠨ ᠬᠥᠮᠦᠨ ᠴᠥᠮ ᠭᠢᠨᠳᠠᠨ᠎ᠠ ᠬᠣᠷᠢᠭᠳᠠᠨ᠂ ᠬᠣᠲᠠ ᠳᠣᠲᠣᠷ᠎ᠠ ᠪᠠᠢᠯᠳᠤᠭᠠᠨ ᠤ᠋ ᠴᠠᠭ ᠤ᠋ᠨ ᠬᠠᠤᠯᠢ ᠳᠦᠷᠢᠮ ᠢ᠋ ᠵᠠᠷᠯᠠᠵᠤ᠂ ᠭᠤᠳᠤᠮᠵᠢ ᠵᠡᠭᠡᠯᠢ ᠪᠡᠷ ᠴᠢᠯᠥᠭᠡᠲᠡᠢ ᠪᠡᠷ ᠶᠠᠪᠤᠵᠤ ᠪᠣᠯᠬᠤ ᠦᠭᠡᠢ ᠪᠣᠯᠵᠠᠢ᠃ ᠭᠠᠮᠢᠩ ᠬᠦᠷᠢᠶ᠎ᠡ ᠬᠠᠪᠢ ᠶ᠋ᠢᠨ ᠠᠷᠠᠳ ᠤ᠋ᠨ ᠪᠠᠢᠳᠠᠭ ᠮᠠᠯ ᠢ᠋ ᠬᠤᠷᠢᠶᠠᠵᠤ᠂ ᠬᠣᠲᠠᠯᠠᠭᠰᠠᠨ ᠬᠣᠨᠢ ᠶ᠋ᠢ ᠲᠡᠷᠡ ᠬᠡᠪ ᠢ᠋ᠶ᠋ᠡᠷ ᠨᠢ᠂ ᠬᠡᠭᠡᠷ᠎ᠡ ᠪᠠᠢᠭ᠎ᠠ ᠰᠦᠷᠦᠭ ᠠᠳᠤᠭᠤ ᠶ᠋ᠢ ᠲᠡᠷᠡ ᠴᠢᠭ ᠢ᠋ᠶ᠋ᠡᠷ ᠨᠢ ᠲᠠᠭᠤᠵᠤ ᠠᠪᠠᠴᠢᠳᠠᠭ ᠪᠣᠯᠪᠠ᠃ ᠬᠦᠷᠢᠶᠡᠨ ᠳ᠋ᠦ᠍ ᠶᠠᠭᠤᠮ᠎ᠠ ᠠᠪᠬᠤ ᠭᠡᠵᠦ ᠣᠷᠣᠵᠤ ᠢᠷᠡᠭᠰᠡᠨ ᠬᠥᠳᠡᠭᠡ ᠶ᠋ᠢᠨ ᠬᠥᠮᠦᠨ ᠢ᠋ ᠬᠥᠰᠬᠡ ᠤᠨᠤᠭ᠎ᠠ ᠶ᠋ᠢᠨ ᠬᠠᠮᠲᠤ ᠪᠠᠷᠢᠵᠤ ᠠᠪᠤᠭᠠᠳ᠂ ᠲᠦᠷᠢᠮᠡᠬᠡᠢᠯᠡᠨ ᠡᠵᠡᠯᠡᠭᠰᠡᠨ ᠴᠡᠷᠢᠭ ᠦ᠋ᠨ ᠠᠭᠲᠠᠨ ᠤ᠋ ᠡᠪᠡᠰᠦ᠂ ᠴᠡᠷᠢᠭ ᠦ᠋ᠨ ᠬᠤᠸᠠᠷᠠᠨ ᠤ᠋ ᠲᠦᠯᠡᠭᠡ ᠠᠯᠪᠠᠲᠠᠨ ᠵᠥᠭᠡᠭᠡᠯᠭᠡᠳᠡᠭ ᠪᠠᠢᠨ᠎ᠠ᠃ ᠲᠡᠷᠡ ᠰᠤᠷᠠᠭ ᠢ᠋ᠶ᠋ᠠᠷ ᠠᠮᠢᠲᠠᠨ ᠰᠣᠴᠢᠨ ᠭᠡᠯᠮᠡᠭᠳᠡᠵᠦ᠂ ᠬᠦᠷᠢᠶ᠎ᠡ ᠣᠷᠣᠬᠤ ᠶ᠋ᠢ ᠪᠠᠢᠭᠠᠳ᠂ ᠣᠳᠣ ᠬᠦᠷᠢᠶᠡᠨ ᠳ᠋ᠦ᠍ ᠮᠢᠬ᠎ᠠ᠂ ᠰᠦ᠂ ᠲᠣᠰᠣ᠂ ᠴᠠᠭᠠᠨ ᠢᠳᠡᠭᠡᠨ ᠦ᠌ ᠵᠡᠷᠭᠡ ᠢᠳᠡᠬᠦ ᠤᠤᠭᠤᠬᠤ ᠶᠠᠭᠤᠮ᠎ᠠ ᠲᠠᠰᠤᠯᠳᠠᠵᠤ᠂ ᠬᠥᠮᠦᠨ ᠠᠮᠢᠲᠠᠨ ᠥᠯᠥᠰᠬᠦ ᠶ᠋ᠢᠨ ᠳᠠᠪᠠᠭᠠᠨ ᠳᠡᠭᠡᠷ᠎ᠡ ᠭᠠᠷᠤᠭᠠᠳ ᠪᠠᠢᠨ᠎ᠠ᠃ ᠬᠦᠷᠢᠶ᠎ᠡ ᠶ᠋ᠢᠨ ᠬᠢᠨ ᠴᠥᠮ ᠠᠶᠤᠨ ᠡᠮᠢᠶᠡᠵᠦ᠂ ᠣᠷᠣᠢ ᠤᠨᠲᠠᠬᠤ ᠳ᠋ᠠᠭᠠᠨ (ᠳ᠋ᠤ᠌ ᠪᠠᠨ)᠂ ᠥᠷᠯᠥᠭᠡ ᠭᠡᠷ ᠲᠡᠭᠡᠨ(ᠲᠤ᠌ ᠪᠡᠨ) ᠬᠡᠪᠲᠡᠵᠦ ᠪᠠᠢᠳᠠᠭ ᠪᠢᠯᠡ ᠤᠤ᠂ ᠭᠠᠮᠢᠩ ᠤ᠋ᠨ ᠱᠣᠷᠣᠩ ᠳ᠋ᠤ᠌ ᠬᠡᠪᠲᠡᠵᠦ ᠪᠠᠢᠳᠠᠭ ᠪᠣᠯᠪᠠᠤ(ᠪᠣᠯᠪᠠ ᠤᠤ) ᠭᠡᠵᠦ ᠪᠣᠳᠣᠳᠠᠭ ᠪᠣᠯᠵᠠᠢ᠃ ᠨᠠᠷᠠᠨ ᠳ᠋ᠤ᠌ ᠲᠡᠭᠡᠵᠦ ᠠᠶᠤᠵᠤ ᠶᠠᠪᠤᠳᠠᠭ ᠢ᠋ ᠪᠣᠳᠣᠪᠠᠯ᠂ ᠡᠨᠡ ᠱᠣᠷᠣᠩ ᠳ᠋ᠤ᠌ ᠬᠠᠷᠢᠨ ᠬᠡᠵᠢᠶ᠎ᠡ ᠪᠠᠷᠢᠭᠳᠠᠬᠤ ᠬᠣᠷᠢᠭᠳᠠᠬᠤ ᠪᠣᠯ? ᠭᠡᠵᠦ ᠠᠶᠤᠬᠤ ᠵᠣᠪᠠᠬᠤ ᠦᠭᠡᠢ ᠰᠠᠨᠠᠭ᠎ᠠ ᠠᠮᠤᠷ ᠶᠤᠮ ᠰᠢᠪ ᠳᠡ ᠭᠡᠵᠦ ᠰᠠᠢᠨᠪᠢᠯᠢ᠍ᠭ᠌ ᠭᠠᠰᠢᠭᠤᠨ ᠢ᠋ᠶ᠋ᠠᠷ ᠬᠣᠱᠣᠩᠨᠠᠨ᠂ ᠨᠠᠰᠤᠨᠪᠠᠲᠤ ᠳ᠋ᠤ᠌ ᠭᠠᠳᠠᠨᠠᠬᠢ ᠰᠣᠨᠢᠨ ᠢ᠋ ᠶᠠᠷᠢᠵᠤ ᠭᠦᠢᠴᠡᠪᠡ᠃ 
       ᠲᠦᠷᠢᠮᠡᠬᠡᠢᠯᠡᠨ ᠡᠵᠡᠯᠡᠭᠴᠢ ᠭᠠᠮᠢᠩ ᠤ᠋ᠨ ᠲᠡᠮᠦᠯᠡᠨ ᠵᠣᠪᠠᠭᠠᠬᠤ ᠭᠢᠨᠳᠠᠨ ᠳ᠋ᠤ᠌ ᠦᠬᠦᠬᠦ ᠴᠠᠭ ᠢ᠋ᠶ᠋ᠠᠨ ᠢᠷᠡᠭᠡ ᠦᠭᠡᠢ ᠳ᠋ᠦ᠍᠂ ᠬᠥᠮᠦᠨ ᠲᠡᠭᠡᠵᠦ ᠠᠶᠤᠮᠰᠢᠭ ᠲᠠᠢ ᠪᠡᠷᠬᠡ ᠲᠦᠮᠡᠨ ᠵᠣᠪᠠᠯᠠᠩᠲᠤ ᠠᠮᠢᠳᠤᠷᠠᠯᠭ᠎ᠠ ᠪᠠᠷ ᠡᠳᠦᠷ ᠬᠣᠨᠣᠭ ᠢ᠋ ᠥᠩᠭᠡᠷᠡᠭᠦᠯᠵᠦ ᠪᠠᠢᠪᠠ᠃ ᠲᠡᠷᠡ ᠭᠠᠰᠢᠭᠤᠨ ᠲᠠᠮᠤ ᠳ᠋ᠤ᠌ ᠠᠮᠢᠳᠤ ᠪᠠᠢᠵᠤ ᠪᠠᠢᠭᠰᠠᠨ ᠤᠯᠤᠰ᠂ ᠬᠥᠮᠦᠨ ᠴᠢᠨᠠᠷ ᠢ᠋ᠶ᠋ᠠᠨ ᠬᠠᠷᠭᠢᠰ ᠤ᠋ᠨ ᠳᠠᠷᠤᠯᠠᠯ ᠳ᠋ᠤ᠌ ᠠᠯᠳᠠᠯ ᠦᠭᠡᠢ᠂ ᠡᠪᠡᠳᠴᠢᠲᠡᠢ ᠨᠥᠬᠥᠳ ᠢ᠋ᠶ᠋ᠡᠨ ᠠᠰᠠᠷᠠᠵᠤ᠂ ᠡᠷᠡᠭᠦᠦ ᠰᠢᠭᠦᠯᠲᠡᠨ ᠳ᠋ᠦ᠍ ᠡᠷᠡᠮᠳᠡᠭ ᠵᠡᠮᠳᠡᠭ ᠪᠣᠯᠤᠭᠰᠠᠨ ᠬᠥᠭᠡᠷᠦᠬᠦᠢ ᠨᠥᠬᠥᠳ ᠢ᠋ᠶ᠋ᠡᠨ ᠴᠢᠳᠠᠯ ᠢ᠋ᠶ᠋ᠠᠷ ᠢ᠋ᠶ᠋ᠠᠨ ᠰᠤᠪᠢᠯᠠᠵᠤ᠂ ᠪᠡᠶ᠎ᠡ ᠪᠡᠶ᠎ᠡ ᠶ᠋ᠢᠨ ᠰᠡᠳᠬᠢᠯ ᠢ᠋ ᠲᠡᠵᠢᠭᠡᠵᠦ᠂ ᠨᠢᠭᠡ ᠡᠳᠦᠷ ᠨᠢ ᠵᠢᠯ ᠮᠡᠲᠦ ᠰᠠᠨᠠᠭᠳᠠᠮᠠᠷ ᠵᠣᠪᠠᠯᠠᠩᠲᠤ ᠡᠳᠦᠷ ᠴᠠᠭ ᠢ᠋ ᠥᠩᠭᠡᠷᠡᠭᠡᠬᠦ ᠭᠡᠵᠦ ᠪᠡᠶ᠎ᠡ ᠪᠡᠶ᠎ᠡ ᠳ᠋ᠡᠭᠡᠨ(ᠳ᠋ᠦ᠍ ᠪᠡᠨ)ᠦᠯᠢᠭᠡᠷ ᠬᠡᠯᠡᠵᠦ ᠪᠠᠢᠳᠠᠭ᠂ ᠡᠭᠦᠨ ᠳ᠋ᠦ᠍᠂ ᠲᠡᠷᠡ ᠦᠯᠢᠭᠡᠷ ᠦ᠋ᠨ ᠳᠣᠲᠣᠷ᠎ᠠ ᠦᠨᠡᠨ ᠰᠢᠳᠤᠷᠭᠤ ᠨᠢ ᠬᠠᠷᠭᠢᠰ ᠪᠤᠷᠤᠩᠬᠤᠢ ᠶ᠋ᠢ ᠡᠴᠦᠰ ᠲᠡᠭᠡᠨ ᠢᠯᠠᠵᠤ᠂ ᠬᠢᠯᠢᠰ ᠮᠤᠰᠬᠢᠭᠤ ᠶ᠋ᠢᠨ ᠵᠣᠪᠠᠯᠠᠩ ᠳ᠋ᠤ᠌ ᠡᠷᠡᠰᠳᠡᠭᠰᠡᠨ ᠨᠢ ᠦᠨᠡᠨ ᠵᠥᠪ ᠢ᠋ᠶ᠋ᠡᠨ ᠣᠯᠵᠤ᠂ ᠠᠮᠤᠷ ᠰᠠᠢᠬᠠᠨ ᠳ᠋ᠠᠭᠠᠨ(ᠳ᠋ᠤ᠌ ᠪᠠᠨ) ᠵᠢᠷᠭᠠᠳᠠᠭ ᠢ᠋ ᠰᠣᠨᠣᠰᠴᠤ᠂ ᠤᠢᠳᠬᠠᠷ ᠵᠣᠪᠠᠯᠠᠩ ᠳ᠋ᠤ᠌ ᠳᠠᠷᠤᠭᠳᠠᠭᠰᠠᠨ ᠰᠡᠳᠬᠢᠯ ᠦ᠋ᠨ ᠭᠤᠨᠢᠭ ᠢ᠋ ᠰᠡᠷᠭᠦᠭᠡᠳᠡᠭ ᠪᠢᠯᠡ᠃ ᠲᠡᠭᠡᠵᠦ ᠡᠳᠦᠷ ᠬᠣᠨᠣᠭ ᠲᠦᠯᠬᠢᠨ ᠥᠩᠭᠡᠷᠡᠭᠦᠯᠵᠦ ᠪᠠᠢᠲᠠᠯ᠎ᠠ᠂ ᠭᠡᠨᠡᠳᠲᠡ ᠡᠪᠦᠯ ᠦ᠋ᠨ ᠠᠳᠠᠭ ᠰᠠᠷ᠎ᠠ ᠶ᠋ᠢᠨ ᠬᠣᠷᠢᠨ ᠳᠥᠷᠪᠡᠨ ᠳ᠋ᠦ᠍ ᠶᠡᠬᠡ ᠫᠤᠤ ᠨᠢᠵᠢᠭᠢᠨᠡᠨ ᠫᠤᠤᠳᠠᠵᠤ᠂ ᠫᠦᠯᠧᠮᠶᠣᠲ ᠸᠢᠨᠲ᠋ᠣᠸ ᠲᠠᠴᠢᠭᠢᠨᠠᠬᠤ ᠰᠦᠷ ᠲᠡᠢ ᠪᠠᠢᠯᠳᠤᠭᠠᠨ ᠤ᠋ ᠴᠢᠮᠡᠭᠡ ᠭᠠᠳᠠᠨ᠎ᠠ ᠠ᠋ᠴᠠ ᠰᠣᠨᠣᠰᠳᠠᠪᠠ᠃ ᠪᠢᠲᠡᠭᠦᠦ ᠭᠢᠨᠳᠠᠨ ᠱᠣᠷᠣᠩ ᠤ᠋ᠨ ᠭᠠᠳᠠᠨ᠎ᠠ ᠴᠣᠬᠣᠮ ᠶᠠᠭᠤᠬᠠᠨ ᠪᠣᠯᠵᠤ ᠪᠠᠢᠭ᠎ᠠ ᠶᠤᠮ ᠪᠣᠯ? ᠭᠠᠮᠢᠩ ᠤ᠋ᠨ ᠬᠠᠷ᠎ᠠ ᠲᠠᠮᠤ ᠠ᠋ᠴᠠ ᠠᠮᠢ ᠵᠤᠯᠪᠠᠵᠤ ᠭᠠᠷᠬᠤ ᠴᠠᠭ ᠣᠢᠷᠠᠲᠤᠵᠤ ᠪᠠᠢᠭ᠎ᠠ ᠶᠤᠮ ᠪᠣᠯᠪᠠᠤ? ᠰᠦᠬᠡᠪᠠᠭᠠᠲᠤᠷ — ᠴᠣᠢᠪᠠᠯᠰᠠᠩ ᠬᠣᠶᠠᠷ ᠭᠠᠮᠢᠩ ᠲᠠᠢ ᠪᠠᠢᠯᠳᠤᠨ ᠲᠤᠯᠵᠤ᠂ ᠵᠣᠪᠠᠭᠰᠠᠨ ᠣᠯᠠᠨ ᠳ᠋ᠠᠭᠠᠨ ᠡᠷᠬᠡ ᠴᠢᠯᠥᠭᠡ ᠶ᠋ᠢ ᠨᠢ ᠣᠯᠭᠣᠬᠤ ᠭᠡᠵᠦ ᠲᠦᠷᠢᠮᠡᠬᠡᠢᠯᠡᠨ ᠡᠵᠡᠯᠡᠭᠴᠢ ᠬᠠᠷᠭᠢᠰ ᠤ᠋ᠳ ᠲᠠᠢ  ᠳᠠᠢᠳᠤᠵᠤ ᠪᠠᠢᠭ᠎ᠠ ᠶᠤᠮ ᠪᠣᠯᠪᠠᠤ? ᠭᠡᠵᠦ ᠱᠣᠷᠣᠩ ᠭᠢᠨᠳᠠᠨ ᠤ᠋ ᠢᠷᠣᠭᠠᠷ ᠲᠤ᠌ ᠵᠣᠪᠠᠨ ᠵᠦᠳᠡᠭᠰᠡᠨ ᠪᠦᠬᠦᠨ ᠦ᠌ ᠰᠡᠳᠬᠢᠯ ᠳ᠋ᠦ᠍ ᠭᠣᠷᠢᠳᠠᠯ ᠲᠥᠷᠥᠪᠡ᠃ 
       ᠲᠡᠭᠡᠭᠰᠡᠭᠡᠷ ᠦᠳᠡᠰᠢ ᠳᠠᠰᠢ ᠨᠠᠰᠤᠨᠪᠠᠲᠤ᠂ ᠱᠣᠷᠣᠩ ᠤ᠋ᠨ ᠬᠣᠩᠭᠢᠯ ᠳ᠋ᠤ᠌ ᠭᠠᠮᠢᠩ ᠬᠤᠶᠠᠭ ᠤ᠋ᠨ ᠶᠠᠷᠢᠯᠴᠠᠬᠤ ᠭᠠᠭᠴᠠ ᠨᠢᠭᠡᠨ ᠦᠭᠡ ᠴᠢᠬᠢ ᠲᠠᠯᠪᠢᠨ ᠰᠣᠨᠣᠰᠪᠠᠰᠤ᠂ ᠪᠠᠷᠤᠨ ᠤ᠋ ᠴᠡᠷᠢᠭ ᠦ᠋ᠨ ᠬᠠᠯᠳᠠᠨ ᠳᠣᠪᠲᠣᠯᠵᠤ ᠪᠠᠢᠭ᠎ᠠ ᠶ᠋ᠢ ᠭᠠᠮᠢᠩ ᠨᠢᠴᠤᠭᠠᠨ ᠪᠠᠢᠯᠳᠤᠵᠤ ᠪᠠᠢᠭ᠎ᠠ ᠠᠵᠢ᠃ ᠲᠡᠷᠡ ᠰᠥᠨᠢ ᠮᠥᠷᠳᠡᠨ ᠪᠠᠢᠴᠠᠭᠠᠵᠤ ᠡᠷᠡᠭᠦᠦ ᠰᠢᠭᠦᠯᠲᠡ ᠲᠤᠯᠭᠠᠬᠤ ᠭᠡᠵᠦ ᠱᠣᠷᠣᠩ ᠠ᠋ᠴᠠ ᠨᠢᠭᠡ ᠴᠦ᠍ ᠬᠥᠮᠦᠨ ᠠᠪᠠᠴᠢᠭᠰᠠᠨ ᠦᠭᠡᠢ᠃ ᠬᠣᠢᠲᠤ ᠡᠳᠦᠷ ᠨᠢ ᠬᠤᠶᠠᠭ ᠤ᠋ᠳ᠂ ᠣᠯᠠᠨ ᠬᠣᠷᠢᠭᠳᠠᠯ ᠳ᠋ᠤ᠌ ᠬᠦᠢᠲᠡᠨ ᠴᠠᠢ᠂ ᠬᠣᠰᠢᠭᠠᠳ ᠬᠣᠰᠢᠭᠠᠳ ᠬᠥᠯᠳᠡᠭᠦᠦ ᠮᠠᠨᠲᠠᠤ ᠥᠭᠭᠦᠭᠡᠳ᠂ ᠪᠦᠯᠢᠶᠡᠨ ᠶᠠᠭᠤᠮ᠎ᠠ ᠶᠡᠷᠦ ᠠᠮᠰᠠᠭᠤᠯᠤᠭᠰᠠᠨ ᠦᠭᠡᠢ᠃ ᠶᠡᠷᠦ ᠪᠠᠢᠳᠠᠯ ᠢ᠋ ᠠᠵᠢᠭᠯᠠᠪᠠᠯ᠂ ᠭᠠᠮᠢᠩ ᠤ᠋ᠳ ᠭᠢᠨᠳᠠᠨ ᠳ᠋ᠤ᠌ ᠬᠣᠷᠢᠭᠳᠠᠭᠰᠠᠨ ᠬᠥᠮᠦᠨ ᠢ᠋ ᠪᠣᠳᠣᠬᠤ ᠵᠠᠪ ᠦᠭᠡᠢ ᠪᠣᠯᠤᠭᠰᠠᠨ ᠪᠣᠯᠤᠯᠲᠠᠢ᠃ ᠬᠠᠮᠢᠶ᠎ᠠ ᠨᠠᠮᠢᠶ᠎ᠠ ᠦᠭᠡᠢ ᠫᠤᠤᠳᠠᠬᠤ ᠴᠢᠮᠡᠭᠡ ᠡᠳᠦᠷ ᠰᠥᠨᠢ ᠦᠭᠡᠢ ᠳᠤᠭᠤᠯᠳᠠᠬᠤ ᠪᠣᠯᠪᠠ᠃ ᠨᠢᠭᠡᠨ ᠥᠷᠯᠥᠭᠡ ᠭᠡᠨᠡᠳᠲᠡ ᠭᠠᠳᠠᠨ᠎ᠠ ᠠ᠋ᠴᠠ ᠤᠷᠢᠳᠤ ᠡᠮᠦᠨ᠎ᠡ ᠰᠣᠨᠣᠰᠳᠠᠭᠰᠠᠨ ᠦᠭᠡᠢ ᠬᠠᠴᠢᠨ ᠴᠢᠮᠡᠭᠡ ᠲᠦᠪᠦᠷᠭᠡᠨ ᠰᠣᠨᠣᠰᠳᠠᠵᠤ᠂ ᠬᠠᠶᠠ ᠫᠢᠳ ᠫᠢᠳ ᠫᠤᠤ ᠳᠤᠤᠭᠠᠷᠬᠤ ᠴᠢᠮᠡᠭᠡᠨ ᠳ᠋ᠦ᠍ ᠴᠦ᠍ ᠳᠠᠷᠤᠭᠳᠠᠬᠤ ᠦᠭᠡᠢ ᠫᠢᠴᠢᠭᠢᠨᠡᠬᠦ ᠨᠢ ᠲᠡᠮᠦᠷ ᠬᠠᠳᠠᠭᠠᠰᠤ ᠶ᠋ᠢ ᠵᠠᠪᠰᠠᠷ ᠦᠭᠡᠢ ᠬᠠᠲᠠᠭᠰᠠᠨ ᠤᠯᠠ ᠲᠠᠢ᠂ ᠭᠠᠮᠢᠩ ᠤ᠋ᠨ ᠬᠦᠨᠳᠦ ᠭᠡᠭᠴᠢ ᠶ᠋ᠢᠨ ᠴᠡᠷᠢᠭ ᠱᠠᠬᠠᠢ ᠶ᠋ᠢᠨ ᠴᠢᠮᠡᠭᠡ᠂ ᠲᠦᠮᠡᠨ ᠭᠠᠮᠢᠩ ᠤ᠋ᠨ ᠠᠯᠬᠤᠬᠤ ᠬᠥᠯ ᠦ᠋ᠨ ᠲᠦᠪᠦᠷᠭᠡᠨ ᠰᠣᠨᠣᠰᠳᠠᠪᠠ᠃ ᠱᠣᠷᠣᠩ ᠳ᠋ᠠᠬᠢ ᠨᠢᠭᠡᠨ ᠲᠠᠰᠤᠯᠭᠠᠨ ᠠ᠋ᠴᠠ ᠤᠴᠢᠷ ᠨᠠᠵᠢᠷ ᠦᠭᠡᠢ ᠬᠠᠭᠠᠯᠭ᠎ᠠ ᠪᠠᠯᠪᠠᠬᠤ ᠴᠢᠮᠡᠭᠡ ᠰᠣᠨᠣᠰᠳᠠᠪᠠ᠃ ᠴᠢᠩᠨᠠᠪᠠᠯ ᠲᠠᠰᠤᠯᠭ᠎ᠠ ᠶ᠋ᠢᠨ ᠳᠣᠲᠣᠷ᠎ᠠ ᠠ᠋ᠴᠠ ᠬᠥᠮᠦᠨ᠂ ᠬᠠᠭᠠᠯᠭ᠎ᠠ ᠶ᠋ᠢ ᠨᠢᠭᠡ ᠬᠦᠨᠳᠦ ᠶᠠᠭᠤᠮ᠎ᠠ ᠪᠠᠷ ᠴᠣᠬᠢᠨ ᠡᠪᠳᠡᠵᠦ ᠪᠠᠢᠭ᠎ᠠ ᠮᠡᠲᠦ ᠪᠠᠯᠪᠠᠭᠰᠠᠭᠠᠷ᠂ ᠬᠠᠭᠠᠯᠭ᠎ᠠ ᠶ᠋ᠢᠨ ᠪᠠᠩᠵᠠ ᠡᠪᠳᠡᠷᠡᠬᠦ ᠴᠢᠮᠡᠭᠡ ᠰᠣᠨᠣᠰᠳᠠᠵᠠᠢ᠃ 
       — ᠨᠥᠬᠥᠳ ᠠ᠋! ᠭᠠᠮᠢᠩ ᠴᠢᠨᠳᠠᠷᠤᠤ ᠵᠢᠭᠤᠲᠠᠵᠠᠢ! ᠭᠡᠵᠦ ᠲᠡᠰᠬᠡᠯ ᠦᠭᠡᠢ ᠪᠠᠶᠠᠷᠯᠠᠨ ᠬᠠᠰᠬᠢᠷᠬᠤ ᠴᠢᠮᠡᠭᠡ ᠰᠣᠨᠣᠰᠳᠠᠵᠤ᠂ ᠬᠠᠭᠠᠯᠭ᠎ᠠ ᠶ᠋ᠢᠨ ᠴᠣᠣᠵᠢ ᠴᠣᠬᠢᠵᠤ ᠡᠪᠳᠡᠬᠦ᠂ ᠬᠠᠭᠠᠯᠭ᠎ᠠ ᠬᠠᠪ ᠶᠠᠪ ᠬᠠᠭᠠᠭᠳᠠᠬᠤ ᠨᠡᠭᠡᠭᠡᠭᠳᠡᠬᠦ ᠴᠢᠮᠡᠭᠡ᠂ 
       — ᠠ᠋᠂ ᠭᠢᠯᠠᠢᠯ᠎ᠠ᠃ ᠠ᠋᠂ ᠭᠢᠯᠠᠢᠯ᠎ᠠ! ᠭᠡᠵᠦ ᠪᠠᠶᠠᠷᠯᠠᠨ ᠳᠤᠤᠭᠠᠷᠬᠤ ᠳᠠᠭᠤᠨ ᠴᠢᠮᠡᠭᠡ ᠰᠣᠨᠣᠰᠳᠠᠪᠠ᠃ 
       ᠮᠢᠬ᠎ᠠ ᠮᠠᠷᠢᠶ᠎ᠠ ᠰᠢᠭᠤᠷᠠᠵᠤ᠂ ᠲᠤᠷᠠᠵᠤ ᠵᠦᠳᠡᠭᠰᠡᠨ᠂ ᠦᠢᠯᠡ ᠲᠠᠮᠤ ᠪᠠᠨ ᠦᠵᠡᠭᠰᠡᠨ ᠤᠯᠤᠰ ᠪᠠᠶᠠᠷ ᠤ᠋ᠨ ᠮᠠᠩᠨᠠᠢ ᠲᠡᠨᠢᠢᠵᠦ᠂ ᠬᠣᠷᠢᠬᠤ ᠲᠠᠰᠤᠯᠭᠠᠨ ᠠ᠋ᠴᠠ ᠬᠣᠩᠭᠢᠯ ᠳ᠋ᠤ᠌ ᠪᠤᠵᠢᠭᠢᠨᠠᠨ ᠭᠦᠶᠦᠵᠦ ᠭᠠᠷᠪᠠ᠃ ᠶᠠᠪᠤᠵᠤ ᠴᠢᠳᠠᠬᠤ ᠦᠭᠡᠢ ᠨᠢᠭᠡ ᠶ᠋ᠢ ᠪᠡᠨ ᠨᠥᠬᠥᠳ ᠨᠢ ᠦᠮᠡᠬᠡᠢ ᠴᠢᠭᠢᠭᠲᠡᠢ ᠲᠠᠰᠤᠯᠭᠠᠨ ᠠ᠋ᠴᠠ ᠪᠠᠨ ᠳᠠᠮᠵᠢᠯᠠᠨ ᠭᠠᠷᠭᠠᠵᠤ᠂ ᠴᠥᠮ ᠢ᠋ᠶ᠋ᠡᠷ ᠢ᠋ᠶ᠋ᠡᠨ ᠱᠣᠷᠣᠩ ᠠ᠋ᠴᠠ ᠭᠠᠳᠠᠨ᠎ᠠ ᠭᠠᠷᠤᠭᠠᠳ᠂ ᠭᠡᠭᠡᠬᠡᠨ ᠨᠠᠷᠠᠨ ᠤ᠋ ᠬᠤᠷᠴᠠ ᠭᠡᠷᠡᠯ ᠳ᠋ᠦ᠍ ᠨᠢᠳᠦ ᠭᠢᠯᠪᠠᠵᠤ᠂ ᠠᠷᠢᠬᠢ ᠮᠡᠲᠦ ᠰᠣᠭᠲᠣᠭᠠᠭᠴᠢ ᠵᠢᠬᠡᠭᠦᠨ ᠠᠷᠢᠭᠤᠨ ᠬᠡᠢ ᠶ᠋ᠢ ᠠᠮᠢᠰᠬᠤᠯᠯᠠᠪᠠ᠃ 
       ᠬᠦᠷᠢᠶ᠎ᠡ᠂ ᠰᠥᠨᠥᠵᠦ ᠮᠥᠬᠥᠭᠰᠡᠨ ᠶᠦᠮ ᠰᠢᠭ᠂ ᠭᠤᠳᠤᠮᠵᠢ ᠪᠠᠷ ᠶᠠᠪᠤᠬᠤ ᠵᠣᠷᠴᠢᠬᠤ ᠬᠥᠮᠦᠨ ᠨᠢᠭᠡ ᠴᠦ᠍ ᠦᠭᠡᠢ᠂ ᠭᠤᠳᠤᠮᠵᠢᠨ ᠳ᠋ᠤ᠌ ᠡᠨᠳᠡ ᠲᠡᠨᠳᠡ ᠦᠬᠦᠭᠰᠡᠨ ᠭᠠᠮᠢᠩ᠂ ᠬᠠᠶᠠᠭᠰᠠᠨ ᠫᠤᠤ᠂ ᠪᠣᠭᠣᠳᠠᠯ ᠲᠠᠢ ᠨᠣᠪᠰᠢ ᠦᠵᠡᠭᠳᠡᠵᠦ᠂ ᠬᠠᠶᠠ ᠭᠠᠭᠴᠠ ᠨᠢᠭᠡ ᠫᠤᠤ ᠳᠡᠰ ᠬᠢᠬᠦ ᠴᠢᠮᠡᠭᠡ ᠰᠣᠨᠣᠰᠳᠠᠪᠠ᠃ ᠨᠠᠰᠤᠨᠪᠠᠲᠤ ᠮᠠᠢᠮᠠᠢ ᠬᠣᠲᠠ ᠣᠷᠣᠬᠤ ᠵᠠᠮ ᠳ᠋ᠠᠭᠠᠨ(ᠳ᠋ᠤ᠌ ᠪᠠᠨ)᠂ ᠮᠥᠷᠦᠨ ᠳᠡᠭᠡᠷ᠎ᠡ ᠪᠡᠨ ᠫᠣᠭᠣᠨ ᠬᠠᠲᠠᠭᠰᠠᠨ ᠣᠷᠣᠰ ᠴᠡᠷᠢᠭ᠂ ᠮᠣᠩᠭᠣᠯ ᠴᠡᠷᠢᠭ ᠫᠤᠤ ᠡᠭᠦᠷᠴᠦ᠂ ᠭᠠᠭᠴᠠ ᠨᠢᠭᠡ ᠪᠡᠷ᠂ ᠬᠡᠰᠡᠭ ᠪᠦᠯᠦᠭ ᠢ᠋ᠶ᠋ᠡᠷ ᠥᠭᠡᠳᠡ ᠡᠴᠡ ᠨᠢ ᠳᠠᠪᠬᠢᠵᠤ ᠶᠠᠪᠤᠬᠤ ᠶ᠋ᠢ ᠦᠵᠡᠭᠡᠳ ᠥᠨᠥᠬᠢ ᠪᠠᠷᠣᠨ ᠦᠩᠭᠧᠷᠠᠨ ᠭᠡᠭᠴᠢ ᠶ᠋ᠢᠨ ᠴᠠᠭᠠᠨ ᠨᠠᠮ ᠤ᠋ᠨ ᠴᠡᠷᠢᠭ ᠭᠡᠳᠡᠭ ᠡᠨᠡ ᠪᠠᠢᠵᠠᠢ ᠭᠡᠵᠦ ᠳᠠᠭᠠᠵᠤ ᠮᠡᠳᠡᠪᠡ᠃ ᠲᠡᠷᠡ ᠴᠡᠷᠢᠭ ᠦ᠋ᠨ ᠵᠠᠷᠢᠮ ᠨᠢ᠂ ᠦᠵᠡᠰᠢ ᠦᠭᠡᠢ ᠮᠠᠭᠤᠬᠠᠢ ᠤᠷᠠᠩᠬᠠᠢ᠂ ᠴᠢᠰᠤ ᠨᠥᠵᠢ ᠪᠣᠯᠤᠭᠰᠠᠨ ᠬᠤᠪᠴᠠᠰᠤ ᠲᠠᠢ᠂ ᠰᠠᠬᠠᠯ ᠦᠰᠦ ᠰᠠᠭᠰᠠᠢᠨ ᠤᠷᠭᠤᠭᠰᠠᠨ᠂ ᠬᠣᠬᠢᠭᠠᠷ ᠴᠠᠭᠠᠨ ᠴᠢᠷᠠᠢ ᠲᠠᠢ ᠬᠥᠮᠦᠨ ᠦ᠌ ᠴᠤᠤ ᠴᠢᠮᠠᠢ ᠭᠡᠵᠦ ᠬᠡᠯᠲᠦᠷᠢᠵᠦ ᠶᠠᠪᠤᠭ᠎ᠠ ᠶ᠋ᠢ ᠬᠠᠷᠠᠭᠠᠳ᠂ ᠶᠠᠭᠤᠨ ᠬᠥᠮᠦᠨ ᠪᠣᠢ ᠭᠡᠵᠦ ᠳᠠᠪᠬᠢᠵᠤ ᠢᠷᠡᠭᠡᠳ᠂ ᠮᠣᠩᠭᠣᠯ ᠬᠥᠮᠦᠨ ᠭᠡᠵᠦ ᠮᠡᠳᠡᠭᠡᠳ ᠥᠩᠭᠡᠷᠡᠳᠡᠭ ᠪᠠᠢᠵᠠᠢ᠃ ᠵᠠᠷᠢᠮ ᠨᠢ ᠬᠠᠮᠢᠭ᠎ᠠ ᠠ᠋ᠴᠠ ᠬᠠᠮᠢᠭᠠᠰᠢ ᠶᠠᠪᠤᠵᠤ ᠶᠠᠪᠤᠭ᠎ᠠ ᠶ᠋ᠢ ᠠᠰᠠᠭᠤᠵᠤ ᠪᠠᠢᠪᠠ᠃  
       ᠮᠠᠢᠮᠠᠢ ᠬᠣᠲᠠᠨ᠎ᠠ ᠬᠢᠲᠠᠳ ᠫᠦᠰᠡ ᠳᠡᠭᠡᠷᠡᠮᠳᠡᠨ ᠲᠣᠨᠣᠵᠤ ᠶᠠᠪᠤᠭᠰᠠᠨ᠂ ᠪᠠᠷᠣᠨ ᠤ᠋ ᠣᠷᠣᠰ ᠮᠣᠩᠭᠣᠯ ᠴᠡᠷᠢᠭ ᠨᠠᠰᠤᠨᠪᠠᠲᠤ ᠳ᠋ᠤ᠌ ᠳᠠᠭᠠᠷᠢᠯᠳᠤᠬᠤ ᠪᠣᠯᠪᠠ᠃ ᠰᠠᠭᠤᠳᠠᠭ ᠬᠠᠰᠢᠶᠠᠨ ᠤ᠋ ᠬᠠᠭᠠᠯᠭᠠᠨ ᠳ᠋ᠤ᠌ ᠬᠦᠷᠴᠦ᠂ ᠲᠠᠰᠢᠷᠠᠮ ᠤ᠋ᠨ ᠬᠠᠭᠠᠯᠭ᠎ᠠ ᠶ᠋ᠢ ᠲᠣᠭᠰᠢᠲᠠᠯ᠎ᠠ᠂ ᠪᠣᠭᠴᠣ ᠪᠠᠷ ᠳᠦᠭᠦᠷᠡᠩ ᠲᠣᠷᠭ᠎ᠠ ᠴᠢᠬᠢᠭᠰᠡᠨ ᠨᠢᠭᠡᠨ ᠰᠣᠭᠲᠣᠭᠤ  ᠳᠡᠭᠡᠷᠡᠮᠴᠢᠨ ᠴᠡᠷᠢᠭ᠂ ᠨᠠᠰᠤᠨᠪᠠᠲᠤ ᠶ᠋ᠢᠨ ᠬᠠᠵᠠᠭᠤ ᠪᠠᠷ ᠳᠠᠪᠬᠢᠨ ᠭᠠᠷᠤᠩᠭᠤᠲᠠ᠂ ᠨᠠᠺᠠᠨ ᠢ᠋ᠶ᠋ᠠᠷ ᠫᠤᠤᠳᠠᠵᠠᠢ᠃ 
       ᠪᠠᠲᠤᠪᠠᠶᠠᠷ ᠡᠪᠦᠭᠡᠨ ᠬᠥᠪᠡᠭᠦᠨ ᠢ᠋ ᠭᠠᠮᠢᠩ ᠤ᠋ᠨ ᠱᠣᠷᠣᠩ ᠳ᠋ᠤ᠌ ᠣᠷᠣᠭᠰᠠᠨ ᠢ᠋ ᠰᠣᠨᠣᠰᠤᠭᠠᠳ ᠬᠥᠳᠡᠭᠡ ᠡᠴᠡ ᠢᠷᠡᠵᠦ᠂ ᠡᠨᠡ ᠲᠡᠷᠡ ᠭᠠᠮᠢᠩ ᠨᠣᠶᠠᠨ ᠳ᠋ᠤ᠌ ᠬᠡᠭᠡᠯᠢ ᠬᠠᠬᠤᠤᠯᠢ ᠥᠭᠴᠦ ᠬᠦᠦ ᠪᠡᠨ ᠱᠣᠷᠣᠩ ᠠ᠋ᠴᠠ ᠭᠠᠷᠭᠠᠬᠤ ᠭᠡᠵᠦ ᠶᠠᠳᠠᠨ᠂ ᠬᠦᠷᠢᠶᠡᠨ ᠳ᠋ᠦ᠍ ᠰᠠᠷ᠎ᠠ ᠭᠠᠷᠤᠢ ᠪᠣᠯᠤᠭᠠᠳ ᠪᠠᠢᠭᠰᠠᠨ ᠪᠠᠢᠵᠠᠢ᠃ ᠲᠡᠷᠡ ᠡᠳᠦᠷ ᠬᠠᠭᠠᠯᠭ᠎ᠠ ᠲᠣᠭᠰᠢᠬᠤ ᠪᠠ ᠪᠠᠢᠰᠢᠩ ᠠ᠋ᠴᠠ ᠭᠠᠷᠤᠭᠠᠳ ᠭᠡᠨᠡᠳᠲᠡ ᠬᠠᠭᠠᠯᠭ᠎ᠠ ᠶ᠋ᠢᠨ ᠲᠤᠰ ᠫᠤᠤ ᠳᠤᠤᠭᠠᠷᠴᠤ᠂ ᠬᠥᠮᠦᠨ ᠫᠢᠳ ᠬᠢᠵᠦ ᠣᠢᠴᠢᠬᠤ ᠴᠢᠮᠡᠭᠡ ᠰᠣᠨᠣᠰᠳᠠᠭᠠᠳ᠂ ᠶᠠᠭᠤ ᠪᠢᠯᠡ? ᠭᠡᠵᠦ ᠰᠡᠵᠢᠭᠯᠡᠨ ᠵᠣᠭᠰᠣᠲᠠᠯ᠎ᠠ᠂ ᠭᠡᠨᠡᠳᠲᠡ ᠬᠥᠮᠦᠨ ᠰᠤᠯᠠᠬᠠᠨ ᠢ᠋ᠶ᠋ᠠᠷ ᠶᠣᠢᠯᠠᠬᠤ (ᠶᠣᠣᠯᠠᠬᠤ)ᠳᠠᠭᠤᠨ ᠰᠣᠨᠣᠰᠳᠠᠪᠠ᠃ ᠬᠦᠦ ᠶ᠋ᠢᠨ ᠳᠠᠭᠤᠨ ᠲᠠᠢ ᠶᠡᠬᠡᠯ᠎ᠡ(ᠶᠡᠬᠡ ᠯᠡ)ᠠᠳᠠᠯᠢᠬᠠᠨ ᠲᠤᠯᠠ᠂ ᠡᠨᠡ ᠶᠠᠭᠤ ᠪᠢᠯᠡ᠂ ᠨᠠᠰᠤᠨᠪᠠᠲᠤ ᠮᠢᠨᠢ ᠪᠢᠰᠢ ᠪᠠᠢᠭ᠎ᠠ ᠳᠠ? ᠭᠡᠵᠦ ᠡᠪᠦᠭᠡᠨ ᠦ᠌ ᠳᠣᠲᠣᠷ᠎ᠠ ᠭᠡᠨᠡᠳᠲᠡ ᠪᠣᠳᠣᠯᠭ᠎ᠠ ᠣᠷᠣᠵᠤ ᠵᠣᠭ ᠲᠤᠰᠤᠭᠰᠠᠨ ᠢ᠋ᠶ᠋ᠠᠨ ᠶᠠᠭᠠᠷᠠᠨ ᠬᠠᠭᠠᠯᠭ᠎ᠠ ᠶ᠋ᠢᠨ ᠵᠦᠭ ᠭᠦᠶᠦᠵᠦ ᠨᠡᠭᠡᠭᠡᠨ ᠦᠵᠡᠪᠡᠰᠦ᠂ ᠴᠠᠰᠤᠨ ᠳᠡᠭᠡᠷ᠎ᠡ ᠨᠢᠭᠡᠨ ᠤᠷᠠᠩᠬᠠᠢ ᠨᠣᠣᠷᠬᠠᠢ ᠳᠡᠪᠡᠯ ᠲᠡᠢ ᠬᠥᠮᠦᠨ ᠬᠡᠪᠲᠡᠵᠦ ᠪᠠᠢᠭᠰᠠᠨ ᠢ᠋ ᠦᠵᠡᠪᠡᠯ᠂ ᠬᠣᠩᠬᠣᠢᠨ ᠰᠢᠷᠭᠢᠭᠰᠡᠨ ᠨᠢᠳᠦ ᠪᠡᠨ ᠠᠨᠢᠭᠰᠠᠨ᠂ ᠰᠠᠬᠠᠯ ᠰᠠᠮᠪᠠᠢ ᠳ᠋ᠠᠭᠠᠨ(ᠳ᠋ᠤ᠌ ᠪᠠᠨ)ᠳᠠᠷᠤᠭᠳᠠᠭᠰᠠᠨ᠂ ᠴᠢᠰᠤ ᠦᠭᠡᠢ ᠴᠠᠩᠬᠢᠭᠠᠷ ᠴᠠᠭᠠᠨ ᠴᠢᠷᠠᠢ ᠲᠠᠢ ᠨᠢᠭᠡᠨ ᠬᠥᠮᠦᠨ ᠪᠠᠢᠬᠤ ᠲᠤᠯᠠ ᠡᠪᠦᠭᠡᠨ ᠠᠩᠬ᠎ᠠ ᠡᠰᠡ ᠲᠠᠨᠢᠵᠠᠢ᠃ ᠭᠡᠨᠡᠳᠲᠡ ᠲᠡᠷᠡ ᠬᠥᠮᠦᠨ ᠨᠢᠳᠦ ᠪᠡᠨ ᠨᠡᠭᠡᠭᠡᠮᠡᠭᠴᠡ᠂ ᠡᠪᠦᠭᠡᠨ ᠬᠥᠭᠡᠷᠦᠬᠦᠢ ᠬᠦᠦ ᠪᠡᠨ ᠲᠠᠨᠢᠵᠤ᠂ 
       — ᠬᠦᠦ ᠮᠢᠨᠢ! ᠭᠡᠵᠦ ᠳᠠᠭᠤᠨ ᠠᠯᠳᠠᠭᠠᠳ᠂ ᠤᠯᠠᠭᠠᠨ ᠨᠡᠯᠦᠢ ᠪᠣᠯᠤᠭᠰᠠᠨ ᠪᠡᠶ᠎ᠡ ᠶ᠋ᠢ ᠨᠢ ᠰᠢᠪᠠᠭᠤᠨ ᠤ᠋ ᠥᠳᠥ ᠡᠷᠭᠦᠬᠦ ᠠᠳᠠᠯᠢ ᠬᠥᠩᠭᠡᠨ ᠢ᠋ᠶ᠋ᠡᠷ ᠡᠷᠭᠦᠭᠡᠳ᠂ ᠬᠥᠯ ᠢ᠋ᠶ᠋ᠡᠷ ᠬᠠᠭᠠᠯᠭ᠎ᠠ ᠶ᠋ᠢ ᠬᠠᠭᠠᠵᠤ᠂ ᠰᠠᠭᠤᠬᠤ ᠪᠠᠢᠰᠢᠩ ᠤ᠋ᠨ ᠵᠦᠭ ᠶᠠᠭᠠᠷᠠᠨ ᠠᠯᠬᠤᠪᠠᠰᠤ᠂ ᠥᠭᠡᠳᠡ ᠡᠴᠡ ᠨᠢ ᠬᠥᠭᠡᠷᠦᠬᠦᠢ ᠵᠠᠩ ᠱᠢ᠂ ᠨᠥᠬᠥᠷ ᠶᠦ᠍ᠭᠡᠨ ᠲᠠᠨᠢᠵᠤ᠂ ᠬᠠᠳᠠᠮ ᠡᠴᠢᠭᠡ ᠶ᠋ᠢᠨ ᠥᠭᠡᠳᠡ ᠡᠴᠡ ᠤᠬᠤᠰᠬᠢᠨ ᠭᠦᠶᠦᠪᠡ ᠁   
                    *                   *               *       
       ᠦᠩᠭᠧᠷᠡᠨ ᠹᠤᠨ ᠱᠲ᠋ᠧᠷᠨᠪᠧᠷᠭ ᠦ᠋ᠨ ᠠᠽᠢ ᠶ᠋ᠢᠨ ᠮᠣᠷᠢᠨ ᠳ᠋ᠢᠸᠢᠽᠢ ᠬᠦᠷᠢᠶᠡᠨ ᠳ᠋ᠦ᠍ ᠣᠷᠣᠵᠤ ᠢᠷᠡᠭᠡᠳ᠂ ᠳᠡ ᠬᠦᠷᠢᠶᠡᠨ ᠳ᠋ᠦ᠍ ᠪᠠᠢᠭᠰᠠᠨ ᠣᠷᠣᠰ ᠴᠠᠭᠠᠨᠲᠠᠨ ᠤ᠋ ᠲᠠᠪᠠ ᠪᠠᠨ ᠬᠠᠨᠵᠤ ᠵᠢᠭᠠᠨ ᠪᠠᠷᠢᠵᠤ ᠥᠭᠭᠦᠭᠰᠡᠨ ᠣᠷᠣᠰ ᠬᠤᠪᠢᠰᠬᠠᠯᠴᠢ ᠨᠠᠷ ᠢ᠋ ᠬᠢᠳᠤᠬᠤ᠂ ᠡᠩ ᠦ᠋ᠨ ᠨᠣᠮᠣᠬᠠᠨ ᠮᠣᠩᠭᠣᠯ ᠬᠢᠲᠠᠳ ᠠᠷᠠᠳ ᠢᠷᠭᠡᠨ ᠢ᠋ ᠬᠠᠷᠭᠢᠰᠯᠠᠨ ᠠᠯᠠᠬᠤ᠂ ᠳᠠᠯᠠᠨ ᠲᠤᠨᠤᠬᠤ ᠶᠠᠪᠤᠳᠠᠯ ᠢ᠋ᠶ᠋ᠠᠷ ᠨᠡᠢᠰᠯᠡᠯ ᠬᠦᠷᠢᠶ᠎ᠡ ᠶ᠋ᠢ ᠡᠵᠡᠯᠡᠵᠦ ᠠᠪᠤᠭᠰᠠᠨ ᠢ᠋ᠶ᠋ᠠᠨ ᠲᠡᠮᠳᠡᠭᠯᠡᠪᠡ᠃ ᠬᠥᠮᠦᠨ ᠢ᠋ ᠲᠠᠮᠤᠯᠠᠬᠤ ᠳ᠋ᠠᠭᠠᠨ ᠲᠠᠪᠠ ᠪᠠᠨ ᠬᠠᠨᠳᠠᠭ ᠬᠠᠷᠭᠢᠰ ᠵᠠᠩᠳᠠᠯᠴᠢᠨ ᠰᠢᠫᠡᠢᠯᠦ ᠪᠡᠷ ᠲᠣᠯᠣᠭᠠᠢᠯᠠᠭᠤᠯᠤᠭᠰᠠᠨ《ᠤᠯᠤᠰ ᠲᠥᠷᠥ ᠶ᠋ᠢᠨ ᠪᠠᠢᠴᠠᠭᠠᠨ ᠲᠠᠩᠨᠠᠬᠤ ᠲᠣᠪᠴᠢᠶ᠎ᠠ》 ᠭᠡᠳᠡᠭ ᠦ᠋ᠨ ᠲᠠᠮᠤᠯᠠᠨ ᠲᠠᠷᠴᠢᠯᠠᠭᠠᠬᠤ ᠭᠢᠨᠳᠠᠨ ᠳ᠋ᠤ᠌ ᠬᠦᠷᠢᠶᠡᠨ ᠦ᠌ ᠣᠷᠣᠰ ᠬᠤᠪᠢᠰᠬᠠᠯᠴᠢ ᠺᠦᠴᠧᠷᠸᠨ᠋ᠺᠦ᠂ ᠭᠧᠮᠪᠡᠷᠵᠧᠸᠰᠺᠢ᠂ ᠠᠭᠠᠹᠤᠨᠣᠹ᠂ ᠴᠧᠷᠧᠫᠡᠨᠦᠹ᠂ ᠳ᠋ᠣᠺᠲ᠋ᠣᠷ ᠱᠠᠨᠵᠢᠮᠢᠳᠤᠪ᠂ ᠴᠡᠪᠡᠭᠳᠡᠷᠡᠪ ᠨᠠᠷ ᠤ᠋ᠨ ᠵᠡᠷᠭᠡ ᠣᠯᠠᠨ ᠬᠤᠪᠢᠰᠬᠠᠯᠴᠢ ᠨᠠᠷ ᠠᠮᠢ ᠠᠯᠳᠠᠵᠠᠢ᠃ 
       ᠦᠭᠡ ᠵᠣᠬᠢᠶᠠᠬᠤ ᠨᠠᠢᠷᠠᠭᠤᠯᠬᠤ ᠳ᠋ᠠᠭᠠᠨ ᠴᠢᠳᠠᠮᠠᠭᠠᠢ ᠵᠠᠯᠢᠬᠠᠢ ᠵᠤᠢᠭᠤᠷ ᠤᠰᠰᠸᠠᠳᠤᠪᠰᠺᠢ ᠶ᠋ᠢ ᠬᠡᠷᠡᠭᠯᠡᠵᠦ᠂ ᠪᠠᠷᠤᠨ ᠥᠪᠡᠷ ᠦ᠋ᠨ ᠪᠡᠶ᠎ᠡ ᠶ᠋ᠢ《ᠮᠣᠩᠭᠣᠯ ᠤᠯᠤᠰ ᠲᠤ᠌ ᠮᠠᠰᠢ ᠶᠡᠬᠡ ᠠᠴᠢ ᠲᠠᠢ ᠪᠥᠭᠡᠳ ᠲᠦᠮᠡᠨ ᠦᠶ᠎ᠡ ᠶ᠋ᠢᠨ ᠲᠡᠦᠬᠡᠨ ᠳ᠋ᠦ᠍ ᠶᠡᠬᠡ ᠭᠠᠪᠢᠶ᠎ᠠ ᠦᠯᠡᠳᠡᠭᠡᠭᠰᠡᠨ ᠳᠠᠢᠴᠢᠩ ᠤᠯᠤᠰ ᠢ᠋ ᠳᠠᠬᠢᠨ ᠮᠠᠨᠳᠤᠭᠤᠯᠵᠤ᠂ ᠳᠡᠯᠡᠬᠡᠢ ᠳ᠋ᠠᠬᠢᠨ ᠢ᠋ ᠬᠤᠪᠢᠰᠬᠠᠯᠴᠢ ᠨᠠᠷ ᠤ᠋ᠨ ᠬᠣᠣᠷᠯᠠᠨ ᠬᠥᠨᠥᠭᠡᠬᠦ ᠡᠴᠡ ᠠᠪᠤᠷᠠᠬᠤ ᠶᠡᠬᠡ ᠦᠢᠯᠡᠰ ᠢ᠋ ᠪᠦᠲᠦᠭᠡᠬᠦ ᠵᠠᠶᠠᠭ᠎ᠠ ᠲᠠᠢ ᠪᠢᠯᠡ》* ᠭᠡᠵᠦ ᠭᠠᠯᠵᠠᠭᠤ ᠰᠣᠯᠢᠶᠠᠲᠠᠢ ᠮᠡᠲᠦ ᠪᠡᠷ ᠲᠤᠩᠬᠠᠭ ᠪᠢᠴᠢᠭᠦᠯᠦᠨ ᠲᠠᠷᠬᠠᠭᠠᠵᠠᠢ᠃ ᠰᠢᠷ᠎ᠠ ᠹᠧᠣᠳᠠᠯ ᠤ᠋ᠳ᠂ ᠪᠠᠷᠤᠨ ᠤ᠋ ᠲᠡᠷᠡ ᠵᠠᠷᠯᠠᠭᠰᠠᠨ ᠪᠢᠴᠢᠭ ᠢ᠋ ᠦᠵᠡᠵᠡᠭᠡᠭᠡᠳ᠂《ᠬᠤᠪᠢᠰᠬᠠᠯ ᠤ᠋ᠨ ᠭᠠᠯᠵᠠᠭᠤ ᠰᠣᠯᠢᠶ᠎ᠠ ᠮᠡᠲᠦ ᠠᠶᠤᠯ ᠠ᠋ᠴᠠ》 ᠪᠢᠳᠡᠨ ᠢ᠋ ᠠᠪᠤᠷᠠᠬᠤ ᠡᠵᠡᠨ ᠭᠠᠷᠴᠤ ᠢᠷᠡᠪᠡ ᠭᠡᠵᠦ ᠥᠩᠭᠧᠷᠡᠨ ᠢ᠋ ᠶᠠᠭᠠᠷᠠᠨ ᠡᠷᠭᠦᠨ ᠮᠠᠨᠳᠤᠭᠤᠯᠵᠤ᠂ ᠨᠡᠷ᠎ᠡ ᠰᠦᠷ ᠢ᠋ ᠨᠢ ᠪᠠᠳᠠᠷᠠᠭᠤᠯᠤᠨ᠂ ᠲᠩᠷᠢ ᠪᠤᠷᠬᠠᠨ ᠤ᠋ ᠬᠤᠪᠢᠯᠭᠠᠨ᠂ ᠠᠤᠭ᠎ᠠ ᠶᠡᠬᠡ ᠴᠢᠳᠠᠯᠲᠠᠨ ᠭᠡᠵᠦ ᠴᠤᠤᠷᠬᠠᠵᠠᠢ᠃ 
      《ᠬᠠᠭᠠᠳ ᠨᠣᠶᠠᠳ ᠤ᠋ᠨ ᠪᠠᠲᠤ ᠲᠥᠷᠥ ᠶ᠋ᠢ ᠪᠤᠰᠬᠠᠵᠤ᠂ ᠬᠥᠮᠦᠨ ᠲᠥᠷᠥᠯᠬᠢᠲᠡᠨ ᠢ᠋ ᠰᠥᠨᠥᠭᠡᠨ ᠮᠥᠬᠥᠭᠡᠬᠦ ᠶ᠋ᠢᠨ ᠠᠶᠤᠯ ᠬᠣᠣᠷ ᠠ᠋ᠴᠠ ᠠᠪᠤᠷᠠᠬᠤ ᠨᠢ ᠴᠢᠬᠤᠯᠠ ᠪᠣᠯᠪᠠ᠃ ᠬᠤᠪᠢᠰᠬᠠᠯᠲᠤ ᠰᠤᠷᠭᠠᠯ ᠤ᠋ᠨ ᠬᠢᠵᠢᠭ ᠲᠠᠬᠤᠯ ᠠᠳᠠᠯᠢ ᠠᠶᠤᠮᠰᠢᠭᠲᠤ ᠬᠠᠯᠳᠠᠪᠤᠷᠢ ᠶ᠋ᠢ ᠡᠰᠡᠷᠭᠦᠴᠡᠨ ᠲᠡᠮᠡᠴᠡᠵᠦ᠂ ᠲᠠᠢᠴᠢᠩ ᠤᠯᠤᠰ ᠤ᠋ᠨ ᠬᠠᠭᠠᠨ ᠢ᠋ ᠰᠢᠷᠡᠭᠡᠨ ᠳ᠋ᠦ᠍ ᠵᠠᠯᠠᠨ ᠮᠠᠨᠳᠤᠭᠤᠯᠤᠨ᠎ᠠ》 ᠭᠡᠵᠦ ᠪᠠᠷᠬᠢᠷᠠᠨ ᠬᠠᠰᠬᠢᠷᠬᠤ ᠳ᠋ᠤᠨᠢ᠂ ᠯᠠᠮᠠ ᠨᠠᠷ ᠪᠠᠷᠤᠨ ᠢ᠋ ᠰᠢᠷ᠎ᠠ ᠶᠢᠨ ᠱᠠᠰᠢᠨ ᠤ᠋ ᠲᠣᠭᠰᠢᠨ ᠤᠯᠠᠭᠠᠨ ᠰᠠᠬᠢᠭᠤᠯᠰᠤ ᠵᠠᠮᠰᠦ᠋ᠷᠦᠩ ᠪᠤᠶᠤ ᠪᠧᠭᠵᠢᠨ ᠬᠤᠪᠢᠯᠭᠠᠨ ᠳᠠᠷᠤᠢ ᠮᠥᠨ ᠭᠡᠵᠦ ᠦᠵᠡᠵᠦ᠂ ᠮᠠᠨᠵᠤ ᠳᠠᠢᠴᠢᠩ ᠤᠯᠤᠰ ᠢ᠋ ᠮᠠᠨᠳᠤᠭᠤᠯᠤᠨ᠎ᠠ ᠭᠡᠳᠡᠭ ᠨᠢ ᠵᠠᠮᠰᠦ᠋ᠷᠦᠩ ᠰᠠᠬᠢᠭᠤᠯᠰᠤᠨ ᠤ᠋ ᠬᠤᠪᠢᠯᠭᠠᠨ᠂ ᠠᠷᠪᠠᠨ ᠵᠦᠭ ᠦ᠋ᠨ ᠠᠷᠪᠠᠨ ᠬᠣᠣᠷ ᠤ᠋ᠨ ᠦᠨᠳᠦᠰᠦ ᠶ᠋ᠢ ᠲᠠᠰᠤᠯᠤᠭᠴᠢ ᠪᠣᠭᠳᠠ ᠭᠡᠰᠡᠷ ᠬᠠᠭᠠᠨ᠂ ᠳᠠᠷᠤᠢ ᠮᠠᠨᠵᠤ ᠳᠠᠢᠴᠢᠩ ᠤᠯᠤᠰ ᠤ᠋ᠨ ᠲᠥᠷᠥ ᠶ᠋ᠢᠨ ᠰᠠᠬᠢᠭᠤᠯᠰᠤᠨ ᠰᠦᠯᠳᠡ ᠪᠠᠢᠭᠰᠠᠨ ᠲᠤᠯᠠ ᠣᠳᠣ ᠲᠡᠭᠦᠨ ᠦ᠌ ᠬᠤᠪᠢᠯᠭᠠᠨ ᠪᠠᠷᠣᠨ ᠵᠠᠩᠵᠤᠨ᠂ ᠮᠠᠨᠵᠤ ᠤᠯᠤᠰ ᠶᠤᠭᠠᠨ ᠳᠠᠬᠢᠨ ᠪᠤᠰᠬᠠᠨ ᠮᠠᠨᠳᠤᠭᠤᠯᠬᠤ ᠭᠡᠵᠦ ᠪᠠᠢᠭ᠎ᠠ ᠬᠡᠷᠡᠭ ᠭᠡᠵᠦ ᠦᠵᠡᠵᠡᠢ᠃ 
       ᠰᠢᠷ᠎ᠠ ᠹᠧᠣᠳᠠᠯ ᠤ᠋ᠳ᠂ ᠪᠠᠷᠣᠨ ᠢ᠋ ᠡᠨᠡ ᠮᠡᠲᠦ ᠳᠠᠬᠢᠨ ᠡᠷᠭᠦᠮᠵᠢᠯᠡᠵᠦ᠂ ᠵᠢᠰᠤᠷᠳᠠᠨ ᠮᠠᠨᠳᠤᠭᠤᠯᠵᠤ᠂ ᠠᠯᠢᠪᠠ ᠬᠦᠰᠡᠯ ᠢ᠋ ᠨᠢ ᠬᠠᠩᠭᠠᠵᠤ᠂ ᠠᠶᠠᠳᠠᠨ ᠳᠠᠭᠠᠵᠤ ᠪᠠᠢᠬᠤ ᠳ᠋ᠠᠭᠠᠨ (ᠳ᠋ᠤ᠌ ᠪᠠᠨ)᠂ ᠮᠠᠨᠵᠤ ᠶ᠋ᠢᠨ ᠲᠥᠷᠥ ᠶ᠋ᠢ ᠲᠡᠳᠬᠦᠵᠦ᠂ ᠠᠷᠪᠠᠨ ᠵᠦᠭ ᠦ᠋ᠨ ᠠᠷᠪᠠᠨ ᠬᠣᠣᠷ ᠤ᠋ᠨ ᠦᠨᠳᠦᠰᠦ ᠶ᠋ᠢ ᠲᠠᠰᠤᠯᠤᠭᠴᠢ ᠠᠴᠢᠲᠤ ᠮᠡᠷᠭᠡᠨ ᠪᠣᠭᠳᠠ ᠭᠡᠰᠡᠷ ᠬᠠᠭᠠᠨ ᠤ᠋ ᠬᠤᠪᠢᠯᠭᠠᠨ ᠪᠠᠷᠣᠨ ᠵᠠᠩᠵᠤᠨ᠂ ᠳᠠᠷᠤᠢ ᠬᠤᠪᠢᠰᠬᠠᠯ ᠤ᠋ᠨ ᠬᠣᠣᠷ ᠤ᠋ᠨ ᠦᠨᠳᠦᠰᠦ ᠶ᠋ᠢ ᠲᠠᠰᠤᠯᠵᠤ᠂ ᠰᠢᠷ᠎ᠠ ᠶ᠋ᠢᠨ ᠱᠠᠰᠢᠨ ᠢ᠋ ᠶᠡᠬᠡᠳᠡ ᠨᠢᠭᠦᠯᠡᠰᠦᠨ ᠦᠵᠡᠭᠴᠢ ᠮᠠᠨᠵᠤ ᠬᠠᠭᠠᠨ ᠢ᠋ ᠳᠠᠬᠢᠨ ᠡᠷᠳᠡᠨᠢ ᠶ᠋ᠢᠨ ᠰᠢᠷᠡᠭᠡᠨ ᠳ᠋ᠦ᠍ ᠵᠠᠯᠠᠵᠤ᠂ ᠪᠢᠳᠡᠨ ᠳ᠋ᠡᠭᠡᠨ(ᠳ᠋ᠦ᠍ ᠪᠡᠨ) ᠬᠡᠰᠢᠭ ᠬᠦᠷᠲᠡᠭᠡᠬᠦ ᠪᠣᠯᠪᠠ ᠤᠤ ᠭᠡᠵᠦ ᠳᠣᠲᠣᠷ᠎ᠠ ᠪᠠᠨ ᠭᠣᠷᠢᠳᠠᠵᠠᠢ᠃ ᠪᠣᠭᠳᠠ ᠬᠠᠭᠠᠨ ᠣᠯᠠᠨ ᠵᠠᠰᠠᠭ ᠨᠣᠶᠠᠳ ᠰᠢᠷ᠎ᠠ ᠹᠧᠣᠳᠠᠯ ᠤ᠋ᠳ ᠲᠤ᠌ ᠵᠠᠷᠯᠠᠨ ᠶᠠᠪᠤᠭᠤᠯᠤᠭᠰᠠᠨ ᠪᠢᠴᠢᠭ ᠲᠡᠭᠡᠨ (ᠲᠤ᠌ ᠪᠡᠨ)᠂ ᠡᠨᠡ ᠬᠤᠪᠢᠰᠬᠠᠯᠴᠢ ᠰᠤᠷᠲᠠᠯ ᠪᠣᠯᠪᠠᠯ ᠳᠡᠯᠡᠬᠡᠢ ᠳ᠋ᠠᠬᠢᠨ ᠤ᠋ ᠳᠠᠢᠰᠤᠨ ᠪᠣᠯᠤᠭᠰᠠᠨ ᠤᠯᠠᠭᠠᠨ ᠤ᠋ ᠰᠤᠷᠲᠠᠯ ᠪᠥᠭᠡᠳ ᠲᠩᠷᠢ ᠪᠤᠷᠬᠠᠨ ᠬᠠᠭᠠᠳ ᠨᠣᠶᠠᠳ᠂ ᠦᠨᠡᠨ ᠶᠣᠰᠣᠨ ᠳ᠋ᠤ᠌ ᠬᠠᠷᠰᠢ ᠲᠠᠢ ᠶᠣᠰᠣ ᠪᠢᠯᠡ ᠭᠡᠵᠦ ᠪᠢᠴᠢᠵᠦ ᠪᠠᠢᠭᠰᠠᠨ ᠪᠢᠯᠡ᠃ ᠲᠩᠷᠢ ᠰᠠᠬᠢᠭᠤᠯᠰᠤᠨ ᠤ᠋ ᠬᠤᠪᠢᠯᠭᠠᠨ ᠭᠡᠵᠦ ᠯᠠᠮᠠ ᠨᠠᠷ ᠤ᠋ᠨ ᠡᠷᠭᠦᠮᠵᠢᠯᠡᠭᠰᠡᠨ ᠪᠠᠷᠣᠨ ᠤ᠋ ᠬᠠᠷ᠎ᠠ ᠬᠠᠷᠭᠢᠰ ᠢ᠋ ᠬᠠᠭᠠᠨ᠂ ᠣᠯᠠᠨ ᠬᠤᠲᠤᠭᠲᠤ ᠬᠤᠪᠢᠯᠭᠠᠨ ᠵᠥᠪᠲᠥᠭᠡᠨ ᠦᠵᠡᠵᠦ᠂ ᠬᠠᠷᠠᠴᠤ ᠣᠯᠠᠨ ᠢ᠋ ᠡᠷᠬᠢᠮ ᠳᠡᠭᠡᠳᠦᠰ ᠦ᠋ᠨ ᠡᠮᠦᠨ᠎ᠡ ᠠᠶᠤᠨ ᠪᠢᠰᠢᠷᠡᠵᠦ᠂ ᠨᠣᠮᠣᠬᠠᠨ ᠳᠠᠷᠤᠤ  ᠪᠠᠢᠯᠭᠠᠵᠤ ᠪᠠᠢᠬᠤ ᠨᠢ ᠵᠦᠢᠲᠡᠢ ᠶᠦᠮ᠂ ᠬᠠᠭᠠᠨ ᠲᠥᠷᠥ᠂ ᠪᠤᠷᠬᠠᠨ ᠱᠠᠰᠢᠨ ᠤ᠋ ᠡᠰᠡᠷᠭᠦ ᠠᠮᠠ ᠭᠠᠷᠬᠤ ᠦᠢᠮᠡᠭᠦᠯᠬᠦ ᠡᠲᠡᠭᠡᠳ ᠢ᠋ ᠲᠣᠭᠣᠰᠣᠨ ᠲᠣᠪᠷᠠᠭ ᠪᠣᠯᠭᠠᠵᠤ ᠣᠯᠠᠨ ᠳ᠋ᠤ᠌ ᠴᠡᠭᠡᠷᠯᠡᠯ ᠦᠵᠡᠭᠦᠯᠦᠨ᠂ ᠪᠤᠷᠤᠭᠤ ᠨᠣᠮᠲᠤ ᠤᠯᠠᠭᠠᠨ ᠤ᠋ ᠲᠡᠷᠰᠬᠦᠳ ᠰᠤᠷᠲᠠᠯ ᠢ᠋ ᠬᠠᠮᠠᠭᠤ ᠮᠡᠲᠦ ᠬᠠᠯᠳᠠᠭᠠᠬᠤ ᠠ᠋ᠴᠠ ᠰᠡᠷᠭᠡᠢᠯᠡᠵᠦ᠂ ᠭᠡᠰᠬᠡᠨ ᠴᠠᠭᠠᠵᠠᠯᠠᠬᠤ ᠨᠢ ᠲᠦᠮᠡᠨ ᠵᠦᠢ ᠭᠡᠵᠦ ᠦᠵᠡᠳᠡᠭ ᠪᠠᠢᠵᠠᠢ᠃ 
     ᠦᠩᠭᠧᠷᠠᠨ ᠤ᠋ ᠬᠠᠷ᠎ᠠ ᠬᠠᠷᠭᠢᠰ ᠪᠠᠯᠠᠮᠠᠳ ᠬᠡᠷᠴᠡᠭᠡᠢ ᠨᠢ ᠲᠤᠢᠯ ᠳ᠋ᠠᠭᠠᠨ (ᠳ᠋ᠤ᠌ ᠪᠠᠨ) ᠬᠦᠷᠴᠦ ᠪᠠᠢᠭᠰᠠᠨ ᠲᠡᠷᠡ ᠪᠡᠷᠬᠡ ᠠᠶᠤᠯ ᠲᠠᠢ ᠴᠠᠭ ᠢ᠋ᠶ᠋ᠠᠷ᠂ ᠠᠮᠢ ᠨᠠᠰᠤᠨ ᠳ᠋ᠠᠭᠠᠨ ᠠᠶᠤᠯ ᠬᠣᠣᠷ ᠪᠣᠯᠭᠤᠵᠢᠨ ᠭᠡᠵᠦ ᠬᠡᠯᠮᠡᠭᠳᠡᠭᠰᠡᠳ ᠭᠡᠰᠡᠷ ᠢ᠋ ᠲᠠᠬᠢᠵᠤ ᠰᠠᠩ ᠲᠠᠬᠢᠯ ᠡᠷᠭᠦᠳᠡᠭ ᠪᠠᠢᠵᠠᠢ᠃ ᠬᠥᠳᠡᠯᠮᠦᠷᠢᠴᠢᠨ ᠠᠷᠠᠳ ᠲᠦᠮᠡᠨ ᠢ᠋ ᠳᠣᠭᠰᠢᠨ ᠰᠠᠬᠢᠭᠤᠯᠰᠤᠨ ᠥᠮᠥᠭ ᠲᠡᠢ ᠮᠥᠯᠵᠢᠭᠴᠢ ᠨᠠᠷ ᠤ᠋ᠨ ᠬᠦᠴᠦᠨ ᠮᠠᠰᠢ ᠶᠡᠬᠡ ᠶ᠋ᠢᠨ ᠡᠮᠦᠨ᠎ᠡ ᠰᠦᠷᠳᠡᠭᠦᠯᠦᠨ ᠰᠥᠭᠥᠳᠬᠡᠵᠦ ᠠᠶᠤᠯᠭᠠᠨ ᠡᠮᠢᠶᠡᠯᠭᠡᠬᠦ ᠮᠥᠷᠭᠥᠨ ᠳᠠᠭᠠᠭᠤᠯᠬᠤ ᠵᠣᠷᠢᠯᠭ᠎ᠠ ᠪᠠᠷ ᠡᠷᠲᠡ ᠤᠷᠢᠳᠤ ᠴᠠᠭ ᠲᠤ᠌ ᠭᠡᠰᠡᠷ ᠦ᠋ᠨ ᠰᠠᠩ ᠲᠠᠬᠢᠯᠭ᠎ᠠ ᠭᠡᠵᠦ ᠯᠠᠮᠠ ᠨᠠᠷ ᠤ᠋ᠨ ᠵᠣᠬᠢᠶᠠᠭᠰᠠᠨ ᠲᠠᠬᠢᠯᠭ᠎ᠠ ᠮᠠᠭᠲᠠᠭᠠᠯ ᠤ᠋ᠨ ᠵᠢᠷᠬᠡᠮᠰᠡᠭᠲᠦ *  ᠦᠭᠡ ᠨᠢ ᠲᠤᠩ ᠰᠦᠷᠲᠡᠢ ᠰᠠᠨᠠᠭᠳᠠᠵᠤ᠂ ᠳᠣᠭᠰᠢᠨ ᠬᠡᠷᠴᠡᠭᠡᠢ ᠪᠡᠷ ᠵᠠᠮᠰᠥ᠋ᠷᠦᠩ ᠭᠡᠰᠡᠷ ᠢ᠋ ᠮᠠᠭᠲᠠᠭᠰᠠᠨ ᠯᠠᠮᠠ ᠨᠠᠷ ᠤ᠋ᠨ ᠮᠠᠭᠲᠠᠭᠠᠯ ᠳ᠋ᠤ᠌ ᠶᠠᠪ ᠴᠠᠪ ᠨᠡᠢᠯᠡᠭᠰᠡᠨ ᠪᠠᠷᠤᠨ ᠤ᠋ ᠰᠢᠷᠦᠭᠦᠯᠵᠦ ᠪᠠᠢᠬᠤ ᠦᠶᠡᠰ ᠲᠦ᠍ ᠶᠡᠬᠡᠯ᠎ᠡ ᠰᠦᠷᠲᠡᠢ ᠠᠶᠤᠮᠠᠷ ᠳᠠᠭᠤᠷᠢᠰᠳᠠᠭ ᠪᠠᠢᠵᠠᠢ᠃ ᠥᠷᠥᠰᠢᠶᠡᠨ ᠦᠷᠦ ᠡᠪᠡᠳᠬᠦ ᠶ᠋ᠢ ᠮᠡᠳᠡᠬᠦ ᠦᠭᠡᠢ᠂ ᠬᠠᠳᠠᠨ ᠰᠡᠳᠬᠢᠯᠲᠦ ᠭᠡᠰᠬᠡᠭᠴᠢ ᠰᠠᠬᠢᠭᠤᠯᠰᠤᠨ ᠬᠠᠭᠠᠨ ᠤ᠋ ᠠᠶᠤᠮᠰᠢᠭᠲᠤ ᠳᠦᠷᠰᠦ ᠶ᠋ᠢ ᠰᠦᠷ ᠪᠠᠳᠠᠷᠠᠭᠤᠯᠤᠨ ᠦᠵᠡᠭᠦᠯᠦᠭᠰᠡᠨ ᠯᠠᠮᠠ ᠨᠠᠷ ᠤ᠋ᠨ ᠵᠣᠬᠢᠶᠠᠯ ᠭᠡᠰᠡᠷ ᠦ᠋ᠨ ᠰᠠᠩ ᠮᠠᠭᠲᠠᠭᠠᠯ ᠳ᠋ᠤ᠌ ᠂  
        《ᠬᠠᠷ᠎ᠠ ᠰᠢᠪᠠᠭᠤ ᠶ᠋ᠢ ᠲᠡᠷᠢᠭᠦᠨ ᠳᠡᠭᠡᠷ᠎ᠡ ᠪᠡᠨ ᠨᠢᠰᠬᠡᠭᠰᠡᠨ᠂  
        《ᠬᠠᠷᠠᠩᠭᠤᠢ ᠡᠭᠦᠯᠡ ᠪᠤᠳᠠᠩ ᠢ᠋ ᠦᠢᠮᠡᠭᠦᠯᠦᠨ ᠪᠦᠷᠬᠦᠭᠦᠯᠦᠭᠰᠡᠨ᠂ 
        《ᠬᠠᠲᠠᠭᠤ ᠯᠤᠤ ᠶ᠋ᠢᠨ ᠬᠠᠬᠢᠷ ᠳᠠᠭᠤᠨ ᠢ᠋ ᠳᠠᠭᠤᠷᠢᠰᠤᠭᠤᠯᠤᠭᠰᠠᠨ᠂ 
        《ᠬᠠᠵᠠᠭᠤ ᠲᠣᠭᠣᠷᠢᠨ ᠢ᠋ᠶ᠋ᠠᠷ ᠭᠢᠯᠪᠠᠭ᠎ᠠ ᠴᠠᠬᠢᠯᠭᠠᠨ ᠢ᠋ ᠭᠢᠯᠪᠠᠯᠵᠠᠭᠤᠯᠤᠭᠰᠠᠨ᠂  
        《ᠲᠤᠩ ᠮᠡᠲᠦ ᠴᠠᠭᠠᠨ ᠮᠥᠨᠳᠥᠷ ᠢ᠋ ᠰᠢᠷᠦᠭᠦᠯᠦᠨ ᠪᠠᠭᠤᠯᠭᠠᠭᠰᠠᠨ᠁ 
        《ᠳᠡᠯᠡᠬᠡᠢ ᠳ᠋ᠠᠬᠢᠨ ᠢ᠋ ᠡᠵᠡᠯᠡᠭᠰᠡᠨ ᠳᠡᠭᠡᠳᠦ ᠲᠩᠷᠢ ᠶ᠋ᠢᠨ ᠬᠤᠪᠢᠯᠭᠠᠨ᠂  
        《ᠳᠡᠭᠡᠷᠡᠬᠢ ᠳᠠᠢᠰᠤᠨ ᠢ᠋ ᠳᠠᠷᠤᠭᠴᠢ ᠠᠴᠢᠲᠤ ᠭᠡᠰᠡᠷ ᠪᠣᠭᠳᠠ ᠬᠠᠭᠠᠨ᠂   
        《ᠲᠥᠷᠥ ᠱᠠᠰᠢᠨ ᠢ᠋ ᠲᠦᠢᠪᠡᠭᠡᠭᠴᠢ ᠳᠠᠢᠰᠤᠨ ᠤ᠋ ᠨᠢᠳᠦ ᠶ᠋ᠢ ᠰᠣᠬᠣᠯᠤᠨ᠂  
        《ᠴᠢᠬᠢ ᠶ᠋ᠢ ᠣᠭᠲᠣᠯᠵᠤ᠂ ᠬᠠᠮᠠᠷ ᠢ᠋ ᠬᠠᠯᠵᠠᠯᠠᠨ᠂  
        《ᠲᠡᠷᠰᠬᠦᠳ ᠢ᠋ ᠲᠣᠭᠣᠰᠣᠨ ᠲᠣᠪᠷᠠᠭ ᠪᠣᠯᠭᠠᠵᠤ᠂  
        《ᠲᠡᠷᠢᠭᠦᠨ ᠢ᠋ ᠣᠭᠲᠣᠯᠤᠨ᠂ ᠵᠢᠷᠦᠬᠡ ᠶ᠋ᠢ ᠭᠠᠷᠭᠠᠵᠤ᠂ ᠬᠡᠰᠡᠭᠯᠡᠨ ᠲᠠᠰᠤᠯᠤᠭᠠᠳ᠂  
        《ᠡᠮᠢᠶᠡᠨ ᠰᠢᠲᠦᠭᠴᠢ ᠬᠥᠮᠦᠨ ᠨᠦ᠍ᠭᠦᠳ ᠢ᠋ ᠡᠮᠦᠨ᠎ᠡ ᠡᠴᠡ ᠨᠢ ᠤᠭᠲᠤᠭᠠᠳ᠂ 
        《ᠬᠣᠢᠨ᠎ᠠ ᠠ᠋ᠴᠠ ᠨᠢ ᠰᠡᠭᠦᠳᠡᠷ ᠮᠡᠲᠦ ᠳᠠᠭᠠᠵᠤ ᠥᠮᠥᠭᠯᠡᠨ ᠰᠠᠬᠢᠮᠤ᠂  
            ᠬᠢ ᠰᠦ᠍ ᠬᠢ ᠰᠦ᠍ ᡀᠠᠬᠠᠵᠠᠯᠯᠤ᠂ ᠰᠦ᠍ ᠰᠦ᠍ ᡀᠠᠬᠠᠵᠠᠯᠯᠤ* !》 ᠭᠡᠵᠦ ᠬᠠᠭᠠᠨ ᠲᠥᠷᠥ᠂ ᠪᠤᠷᠬᠠᠨ ᠱᠠᠰᠢᠨ ᠤ᠋ ᠥᠭᠡᠳᠡ ᠡᠴᠡ ᠠᠮᠠ ᠭᠠᠷᠴᠤ  ᠬᠥᠳᠡᠯᠭᠡᠭᠴᠢᠳ ᠢ᠋ ᠳᠠᠷᠤᠨ ᠤᠰᠠᠳᠬᠠᠵᠤ ᠦᠨᠳᠦᠰᠦ ᠶ᠋ᠢ ᠨᠢ ᠲᠠᠰᠤᠯᠤᠨ ᠠᠶᠤᠯᠭᠠᠭᠴᠢ ᠭᠡᠰᠡᠷ ᠬᠠᠭᠠᠨ ᠢ᠋ ᠮᠠᠭᠲᠠᠭᠰᠠᠨ ᠯᠠᠮᠠ ᠨᠠᠷ ᠤ᠋ᠨ ᠬᠠᠭᠤᠴᠢᠨ ᠰᠠᠩ ᠲᠠᠬᠢᠯᠭ᠎ᠠ ᠶ᠋ᠢᠨ ᠵᠢᠷᠬᠡᠮᠰᠡᠭᠲᠦ ᠦᠭᠡ ᠨᠢ ᠪᠡᠶ᠎ᠡ ᠮᠠᠬᠠᠪᠣᠳ ᠲᠠᠢ ᠪᠣᠯᠵᠤ᠂ ᠨᠢᠳᠦᠨ ᠦ᠌ ᠡᠮᠦᠨ᠎ᠡ ᠦᠵᠡᠭᠳᠡᠵᠦ ᠪᠠᠢᠭ᠎ᠠ ᠶᠤᠮ ᠰᠢᠭ᠋ ᠠᠶᠤᠯ ᠲᠠᠢ ᠪᠡᠷᠬᠡ ᠴᠠᠭ ᠪᠠᠢᠵᠠᠢ᠃  
       ᠲᠠᠰᠢᠰᠠᠮᠲᠠᠩᠯᠢᠩ ᠳᠠᠴᠠᠩ ᠤ᠋ᠨ ᠭᠤᠷᠪᠠᠨ ᠵᠠᠭᠤᠨ ᠯᠠᠮᠠ ᠨᠠᠷ ᠨᠢ ᠵᠠᠮᠰᠥ᠋ᠷᠦᠩ ᠦ᠋ᠨ ᠱᠦᠨᠰᠡᠭ ᠢ᠋ᠶ᠋ᠡᠷ ᠱᠦᠨᠰᠡᠭᠯᠡᠭᠰᠡᠨ ᠭᠡᠰᠡᠷ ᠢ᠋ᠶ᠋ᠡᠨ ᠲᠠᠬᠢᠵᠤ᠂ ᠠᠶᠤᠨ ᠭᠡᠯᠮᠡᠭᠳᠡᠭᠰᠡᠨ ᠬᠦᠷᠢᠶ᠎ᠡ ᠮᠠᠢᠮᠠᠢ ᠶ᠋ᠢᠨ ᠬᠢᠨ ᠳᠠᠰᠢᠰᠠᠮᠲᠠᠩᠯᠢᠩ ᠳᠠᠴᠠᠩ ᠤ᠋ᠨ ᠲᠡᠷᠡ ᠭᠡᠰᠡᠷ ᠲᠦ᠍ ᠮᠥᠷᠭᠥᠵᠦ᠂ ᠰᠠᠮᠠᠭᠤᠨ ᠲᠦᠭᠰᠢᠭᠦᠷᠢᠲᠡᠢ ᠲᠡᠷᠡ ᠴᠠᠭ ᠲᠤ᠌ ᠥᠷᠯᠥᠭᠡ ᠦᠳᠡᠰᠢ ᠠᠮᠢ ᠨᠠᠰᠤ ᠬᠠᠮᠢᠭᠠᠰᠢ ᠪᠣᠯᠬᠤ ᠪᠠᠨ ᠳᠣᠭᠰᠢᠨ ᠭᠡᠰᠡᠷ ᠮᠡᠷᠭᠡᠨ ᠬᠠᠭᠠᠨ ᠤ᠋ ᠰᠠᠬᠢᠭᠤᠯᠰᠤᠨ ᠳ᠋ᠤ᠌ ᠡᠮᠢᠶᠡᠨ ᠳᠠᠭᠠᠳᠬᠠᠵᠤ᠂ ᠲᠡᠷᠡ ᠳᠠᠴᠠᠩ ᠳ᠋ᠤ᠌ ᠣᠴᠢᠵᠤ ᠭᠡᠰᠡᠷ ᠦ᠋ᠨ ᠰᠤᠳᠤᠷ ᠲᠥᠯᠭᠡ ᠲᠠᠲᠠᠵᠤ᠂ ᠯᠠᠮᠠ ᠨᠠᠷ ᠤ᠋ᠨ ᠪᠢᠲᠡᠭᠦᠯᠢᠭ ᠦᠭᠡ ᠪᠡᠷ ᠲᠠᠢᠯᠬᠤ ᠶ᠋ᠢ ᠤᠬᠠᠭᠠᠷᠠᠵᠤ ᠶᠠᠳᠠᠨ᠂ ᠳᠡᠮᠡᠢ ᠯᠡ ᠠᠷᠪᠠᠨ ᠵᠦᠭ ᠦ᠋ᠨ ᠠᠷᠪᠠᠨ ᠬᠣᠣᠷ ᠤ᠋ᠨ ᠦᠨᠳᠦᠰᠦ ᠶ᠋ᠢ ᠲᠠᠰᠤᠯᠤᠭᠴᠢ ᠠᠶᠤᠬᠤ ᠮᠡᠲᠦ ᠲᠣᠭᠰᠢᠨ ᠭᠡᠰᠡᠷ ᠬᠠᠭᠠᠨ ᠮᠢᠨᠢ ᠨᠠᠭᠠᠨ᠎ᠠ ᠳᠠ ᠭᠡᠵᠦ  ᠭᠡᠰᠡᠷ ᠢ᠋ ᠲᠠᠬᠢᠭᠴᠢ ᠲᠡᠷᠡ ᠳᠠᠴᠠᠩ ᠤ᠋ᠨ ᠯᠠᠮᠠ ᠨᠠᠷ ᠲᠤ᠌ ᠠᠮᠢ ᠨᠠᠰᠤ ᠪᠠᠨ ᠳᠠᠭᠠᠳᠬᠠᠳᠠᠭ ᠪᠠᠢᠵᠠᠢ᠃ 
       ᠪᠠᠷᠤᠨ ᠥᠩᠭᠧᠷᠡᠨ ᠨᠢ ᠬᠥᠮᠦᠨ ᠠᠷᠠᠳ ᠢ᠋ ᠨᠢᠭᠲᠠᠯᠠᠨ ᠪᠠᠢᠴᠠᠭᠠᠵᠤ᠂ ᠦᠭᠡ ᠥᠴᠢᠭ ᠢ᠋ ᠠᠪᠤᠯ ᠦᠭᠡᠢ ᠬᠢᠳᠤᠨ ᠠᠯᠠᠬᠤ ᠮᠥᠷᠲᠡᠭᠡᠨ᠂ ᠬᠦᠷᠢᠶᠡᠨ ᠦ᠌ ᠣᠯᠠᠨ ᠤ᠋ ᠡᠮᠦᠨ᠎ᠡ ᠪᠡᠶ᠎ᠡ ᠪᠡᠨ ᠴᠢᠩᠳᠠ ᠬᠠᠲᠠᠭᠤ ᠴᠠᠭᠠᠵᠠ ᠲᠠᠢ᠂ ᠴᠢᠩ ᠰᠢᠳᠤᠷᠭᠤ ᠭᠡᠵᠦ ᠦᠵᠡᠭᠦᠯᠬᠦ ᠶ᠋ᠢ ᠬᠢᠴᠢᠶᠡᠳᠡᠭ ᠪᠠᠢᠵᠠᠢ᠃ ᠨᠢᠭᠡ ᠡᠳᠦᠷ ᠪᠠᠲᠤᠪᠠᠶᠠᠷ ᠢ᠋ ᠭᠠᠨᠳᠠᠩ ᠭᠠᠷᠴᠤ᠂ ᠡᠮᠴᠢ ᠯᠠᠮᠠ ᠠ᠋ᠴᠠ ᠬᠦᠦ ᠳ᠋ᠡᠭᠡᠨ ᠡᠮ ᠵᠠᠯᠠᠭᠠᠳ ᠪᠤᠴᠠᠵᠤ ᠶᠠᠪᠤᠲᠠᠯ᠎ᠠ᠂ ᠬᠡᠳᠦᠨ ᠮᠣᠷᠢᠲᠤ ᠴᠡᠷᠢᠭ ᠲᠡᠭᠦᠨ ᠢ᠋ ᠵᠣᠭᠰᠣᠭᠠᠵᠤ᠂ ᠬᠢᠲᠠᠳ ᠤ᠋ᠨ ᠥᠷᠭᠡᠨ ᠴᠢᠯᠥᠭᠡᠨ ᠳ᠋ᠦ᠍ ᠨᠢᠭᠡ ᠫᠦᠰᠡ ᠶ᠋ᠢᠨ ᠬᠠᠭᠠᠯᠭᠠᠨ ᠤ᠋ ᠡᠮᠦᠨ᠎ᠡ᠂ ᠴᠤᠭᠯᠠᠭᠰᠠᠨ ᠣᠯᠠᠨ ᠤ᠋ ᠲᠡᠨᠳᠡ ᠣᠴᠢ ᠭᠡᠵᠦ ᠲᠤᠰᠢᠶᠠᠵᠠᠢ᠃ 
       — ᠲᠡᠨᠳᠡ ᠪᠠᠷᠤᠨ ᠵᠠᠩᠵᠤᠨ ᠭᠡᠮᠲᠦ ᠬᠡᠷᠡᠭ ᠦᠲᠦᠭᠦᠯᠦᠭᠰᠡᠨ ᠴᠡᠷᠢᠭ ᠢ᠋ ᠰᠢᠳᠬᠡᠵᠦ (ᠰᠢᠢᠳᠬᠡᠵᠦ)ᠪᠠᠢᠨ᠎ᠠ ᠭᠡᠵᠦ ᠪᠠᠷᠤᠨ ᠤ᠋ ᠨᠢᠭᠡ ᠮᠣᠩᠭᠣᠯ ᠴᠡᠷᠢᠭ ᠪᠠᠲᠤᠪᠠᠶᠠᠷ ᠲᠤ᠌ ᠲᠠᠢᠯᠪᠤᠷᠢᠯᠠᠵᠤ ᠥᠭᠦᠯᠡᠷᠦᠨ᠂ ᠲᠡᠷᠡ ᠫᠦᠰᠡ ᠡᠴᠡ ᠬᠣᠶᠠᠷ ᠣᠷᠣᠰ᠂ ᠨᠢᠭᠡ ᠮᠣᠩᠭᠣᠯ ᠴᠡᠷᠢᠭ ᠨᠢᠭᠡ ᠯᠣᠩᠬᠣ ᠬᠢᠲᠠᠳ ᠠᠷᠢᠬᠢ ᠵᠦᠢ ᠪᠤᠰᠤ ᠪᠠᠷ ᠪᠤᠯᠢᠶᠠᠨ ᠠᠪᠤᠭᠠᠳ ᠵᠠᠩᠵᠤᠨ ᠳ᠋ᠤ᠌ ᠪᠠᠷᠢᠭᠳᠠᠵᠠᠢ᠃ ᠳᠡᠭᠡᠷᠡᠮ ᠬᠤᠯᠠᠭᠠᠢ ᠬᠢᠳᠡᠭ ᠬᠥᠮᠦᠨ ᠢ᠋ ᠪᠠᠷᠤᠨ ᠵᠠᠩᠵᠤᠨ ᠢᠩᠭᠢᠵᠦ ᠵᠠᠯᠬᠠᠭᠠᠨ ᠰᠢᠳᠬᠡᠳᠡᠭ(ᠰᠢᠢᠳᠬᠡᠳᠡᠭ) ᠶᠦᠮ ᠪᠠᠢᠨ᠎ᠠ ᠭᠡᠵᠦ ᠦᠵᠡᠭᠡᠳ᠂ ᠴᠢ ᠡᠭᠦᠨ ᠡᠴᠡ ᠬᠣᠢᠰᠢ ᠳᠡᠭᠡᠷᠡᠮ ᠬᠢᠪᠡᠯ ᠢᠩᠭᠢᠳᠡᠭ ᠪᠠᠢᠨ᠎ᠠ ᠭᠡᠵᠦ ᠮᠡᠳᠡᠵᠦ ᠶᠠᠪᠤ! ᠭᠡᠪᠡ᠃ 
       ᠹᠢᠶᠠᠲ᠋ ᠭᠡᠳᠡᠭ ᠠᠥ᠋ᠲ᠋ᠤ‍ — ᠶ᠋ᠢᠨ ᠳᠡᠷᠭᠡᠳᠡ ᠵᠣᠷᠢᠮᠠᠭ ᠮᠠᠰᠢ ᠶᠡᠬᠡᠷᠬᠡᠭ ᠬᠡᠭᠵᠢᠭᠦᠨ ᠳᠦᠷᠢᠮ ᠦᠵᠡᠭᠦᠯᠵᠦ᠂ ᠨᠠᠷᠢᠨ ᠭᠡᠭᠴᠢ ᠶ᠋ᠢᠨ ᠬᠦᠵᠦᠭᠦᠦ ᠲᠡᠢ᠂ ᠪᠢᠴᠢᠬᠠᠨ ᠭᠡᠭᠴᠢ ᠶ᠋ᠢᠨ ᠲᠣᠯᠣᠭᠠᠢ ᠲᠠᠢ ᠨᠢᠭᠡᠨ ᠲᠠᠩᠬᠠᠢᠭᠰᠠᠨ ᠥᠨᠳᠥᠷ ᠧᠦ᠋ᠷᠣᠫᠠ ᠬᠥᠮᠦᠨ ᠵᠣᠭᠰᠣᠵᠤ ᠪᠠᠢᠪᠠ᠃ ᠺᠠᠷᠠᠺᠦ᠋ᠯ ᠬᠤᠷᠠᠭᠠᠨ ᠫᠠᠫᠠᠬ᠎ᠠ ᠭᠡᠳᠡᠭ ᠮᠠᠯᠠᠭᠠᠢ ᠳᠣᠣᠷ᠎ᠠ ᠠ᠋ᠴᠠ ᠪᠤᠯᠳᠤᠷᠤᠤᠲᠤᠭᠰᠠᠨ ᠲᠦᠨᠲᠦᠭᠦᠷ ᠳᠤᠬᠤᠨ ᠳᠡᠭᠡᠷ᠎ᠡ ᠨᠢ ᠰᠢᠷ᠎ᠠ ᠦᠰᠦ ᠤᠨᠵᠢᠵᠠᠢ᠃ ᠬᠦᠢᠲᠡᠨ᠂ ᠳᠣᠭᠰᠢᠨ᠂ ᠮᠠᠭᠤᠬᠠᠢ ᠭᠡᠭᠴᠢ ᠶ᠋ᠢᠨ ᠬᠠᠷᠠᠴᠠ ᠲᠠᠢ ᠴᠡᠩᠬᠡᠷ ᠪᠣᠷᠣ ᠨᠢᠳᠦ᠂ ᠤᠯᠠᠪᠤᠷ ᠴᠢᠷᠠᠢ ᠶ᠋ᠢᠨ ᠪᠠᠢᠳᠠᠯ ᠮᠠᠰᠢ ᠬᠠᠷᠭᠢᠰ ᠬᠦᠢᠲᠡᠨ ᠢ᠋ ᠪᠠᠲᠤᠪᠠᠶᠠᠷ ᠦᠵᠡᠭᠡᠳ ᠳᠣᠲᠣᠷ᠎ᠠ ᠠᠷᠵᠠᠰᠬᠢᠪᠡ᠃ ᠮᠥᠷᠦᠨ ᠳᠡᠭᠡᠷ᠎ᠡ ᠪᠡᠨ ᠭᠧᠨᠧᠷᠠᠯ ᠤ᠋ᠨ ᠠᠯᠲᠠᠨ ᠫᠣᠭᠣᠨ ᠬᠠᠲᠠᠵᠤ᠂ ᠮᠣᠩᠭᠣᠯ ᠬᠥᠬᠡ ᠲᠣᠷᠭᠠᠨ ᠳᠡᠪᠡᠯ ᠡᠮᠦᠰᠦᠭᠰᠡᠨ ᠨᠢ ᠲᠡᠷᠡ ᠲᠣᠭᠰᠢᠨ ᠬᠠᠷᠭᠢᠰ ᠮᠠᠭᠤᠬᠠᠢ ᠬᠦᠢᠲᠡᠨ ᠴᠢᠷᠠᠢ ᠳ᠋ᠤᠨᠢ ᠲᠤᠩ ᠵᠣᠬᠢᠬᠤ ᠦᠭᠡᠢ ᠲᠤᠯᠠ᠂ ᠤᠯᠠᠮ ᠠᠶᠤᠮᠰᠢᠭ ᠲᠠᠢ ᠮᠠᠭᠤᠬᠠᠢ ᠦᠵᠡᠭᠳᠡᠪᠡ᠃ 
       — ᠲᠡᠷᠡ ᠠᠶᠤᠮᠰᠢᠭ ᠲᠠᠢ ᠬᠥᠮᠦᠨ ᠡᠢᠮᠦ ᠰᠢᠨᠵᠢ ᠲᠡᠢ ᠬᠥᠮᠦᠨ ᠠᠵᠠᠢ᠃ ᠨᠢᠳᠦ ᠠᠮᠠ ᠵᠢᠰᠦ ᠴᠢᠷᠠᠢ ᠶ᠋ᠢ ᠦᠵᠡᠪᠡᠯ᠂ ᠦᠨᠡᠬᠡᠷ ᠥᠷᠥᠰᠢᠶᠡᠬᠦ ᠨᠢᠭᠦᠯᠡᠰᠬᠦ᠂ ᠦᠷᠦ ᠡᠪᠡᠳᠬᠦ ᠬᠠᠢᠷᠠᠯᠠᠬᠤ ᠶ᠋ᠢ ᠮᠡᠳᠡᠬᠦ ᠦᠭᠡᠢ ᠠᠯᠠᠭᠤᠷᠴᠢᠨ ᠤ᠋ ᠰᠢᠨᠵᠢᠲᠡᠶ᠎ᠡ ᠭᠡᠵᠦ ᠪᠠᠲᠤᠪᠠᠶᠠᠷ ᠤ᠋ᠨ ᠨᠢᠳᠦ ᠬᠠᠯᠲᠤᠷᠢᠪᠠ᠃ ᠪᠠᠷᠤᠨ ᠤ᠋ ᠲᠡᠷᠡ ᠬᠠᠷᠭᠢᠰ ᠮᠠᠭᠤᠬᠠᠢ ᠪᠠᠢᠳᠠᠯ ᠢ᠋ ᠦᠵᠡᠭᠡᠳ᠂ ᠲᠡᠰᠬᠡᠯ ᠦᠭᠡᠢ ᠠᠶᠤᠨ ᠡᠮᠢᠶᠡᠭᠰᠡᠨ ᠬᠡᠳᠦᠨ ᠮᠣᠩᠭᠣᠯᠴᠤᠳ ᠰᠣᠴᠢᠨ ᠭᠡᠯᠮᠡᠭᠳᠡᠵᠦ᠂ ᠪᠡᠶ᠎ᠡ ᠪᠡᠶ᠎ᠡ ᠳ᠋ᠡᠭᠡᠨ ᠰᠢᠬᠠᠴᠠᠯᠳᠤᠨ ᠪᠠᠢᠭ᠎ᠠ ᠶ᠋ᠢ ᠦᠵᠡᠭᠡᠳ ᠪᠠᠷᠤᠨ᠂ ᠲᠡᠳᠡᠨ ᠢ᠋ ᠲᠡᠭᠡᠵᠦ ᠠᠶᠤᠯᠭᠠᠨ ᠰᠦᠷᠳᠡᠭᠦᠯᠦᠭᠰᠡᠨ ᠳ᠋ᠡᠭᠡᠨ ᠶᠡᠬᠡᠯ᠎ᠡ ᠪᠠᠬᠠᠳᠤᠭᠰᠠᠨ ᠪᠠᠢᠳᠠᠯ ᠲᠠᠢ ᠠᠵᠢ᠃ 
       ᠪᠠᠷᠤᠨ ᠤ᠋ ᠬᠠᠵᠠᠭᠤ ᠳ᠋ᠤ᠌ ᠪᠠᠰᠠ ᠬᠣᠶᠠᠷ ᠧᠦ᠋ᠷᠣᠫᠠ ᠨᠠᠷ ᠵᠣᠭᠰᠣᠵᠤ ᠪᠠᠢᠭᠰᠠᠨ ᠢ᠋ ᠠᠵᠢᠭᠯᠠᠪᠠᠯ᠂ ᠪᠠᠲᠤᠪᠠᠶᠠᠷ ᠤ᠋ᠨ ᠲᠡᠮᠡᠭᠡᠨ ᠦ᠌ ᠳᠡᠷᠭᠡᠳᠡ ᠵᠣᠭᠰᠣᠵᠤ ᠪᠠᠢᠭᠰᠠᠨ᠂ ᠪᠠᠷᠤᠨ ᠤ᠋ ᠮᠣᠩᠭᠣᠯ ᠮᠣᠷᠢᠨ ᠴᠡᠷᠢᠭ᠂ ᠡᠪᠦᠭᠡᠨ ᠦ᠌ ᠡᠮᠦᠨ᠎ᠡ ᠡᠯᠳᠡᠪ ᠨᠠᠷᠢᠨ ᠤᠴᠢᠷ ᠢ᠋ ᠮᠡᠳᠡᠳᠡᠭ ᠢ᠋ᠶ᠋ᠡᠨ ᠭᠠᠢᠬᠠᠭᠤᠯᠤᠨ ᠰᠢᠪᠡᠭᠡᠨᠡᠵᠦ ᠥᠭᠦᠯᠡᠷᠦᠨ᠂ ᠲᠡᠷᠡ ᠪᠠᠷᠤᠨ ᠵᠠᠩᠵᠤᠨ ᠤ᠋ ᠵᠡᠭᠦᠨ ᠲᠠᠯ᠎ᠠ ᠳ᠋ᠤ᠌ ᠵᠣᠭᠰᠣᠵᠤ ᠪᠠᠢᠭ᠎ᠠ ᠬᠥᠮᠦᠨ᠂ ᠵᠠᠩᠵᠤᠨ ᠤ᠋ ᠶᠡᠬᠡ ᠳᠣᠲᠣᠨᠣ ᠨᠠᠢᠵᠠ ᠬᠥᠮᠦᠨ᠂ ᠨᠡᠷ᠎ᠡ ᠣᠰᠰᠸᠠᠳᠤᠪᠰᠺᠢ ᠭᠡᠳᠡᠭ᠂ ᠪᠠᠷᠠᠭᠤᠨ ᠲᠠᠯ᠎ᠠ ᠳ᠋ᠤᠨᠢ ᠳᠤᠬᠤ ᠪᠠᠨ ᠠᠷᠴᠢᠵᠤ ᠪᠠᠢᠭ᠎ᠠ᠂ ᠡᠮᠡᠭᠡᠯ ᠰᠢᠭ ᠬᠣᠲᠣᠭᠣᠷ ᠬᠠᠴᠢᠨ ᠲᠣᠯᠣᠭᠠᠢ ᠲᠠᠢ ᠲᠡᠷᠡ ᠨᠢᠭᠡ ᠣᠷᠣᠰ ᠬᠥᠮᠦᠨ᠂ ᠤᠯᠤᠰ ᠲᠥᠷᠥ ᠶ᠋ᠢᠨ ᠪᠠᠢᠴᠠᠭᠠᠨ ᠲᠠᠩᠨᠠᠬᠤ ᠭᠠᠵᠠᠷ ᠤ᠋ᠨ ᠳᠠᠷᠤᠭ᠎ᠠ ᠰᠢᠫᠠᠢᠯᠦ ᠭᠡᠳᠡᠭ ᠶᠡᠬᠡ ᠠᠶᠤᠮᠰᠢᠭᠲᠠᠢ ᠬᠥᠮᠦᠨ᠃ ᠬᠡᠷᠪᠡ ᠬᠥᠮᠦᠨ ᠢ᠋ ᠲᠡᠮᠦᠯᠡᠨ ᠵᠣᠪᠠᠭᠠᠵᠤ ᠲᠠᠷᠴᠢᠯᠠᠭᠠᠬᠤ ᠦᠭᠡᠢ ᠶᠦᠮ ᠪᠣᠯ ᠰᠥᠨᠢ ᠤᠨᠲᠠᠵᠤ ᠴᠢᠳᠠᠳᠠᠭ ᠦᠭᠡᠢ ᠶᠦᠮ ᠭᠡᠵᠦ ᠲᠡᠭᠦᠨ ᠢ᠋ ᠬᠡᠯᠡᠯᠴᠡᠳᠡᠭ ᠶᠦᠮ ᠰᠢᠦ ᠭᠡᠪᠡ᠃  
       — ᠴᠢ ! ᠡᠭᠦᠨ ᠢ᠋ ᠳᠡᠭᠦᠵᠢᠯᠡ! ᠭᠡᠵᠦ ᠡᠥ᠋ᠩᠬᠧᠷᠡᠨ᠂ ᠴᠠᠭᠠᠨ ᠮᠣᠩᠭᠣᠯ ᠴᠡᠷᠢᠭ ᠲᠦ᠍᠂ ᠰᠠᠨᠳᠤᠷᠴᠤ ᠨᠣᠮᠣᠬᠠᠨ ᠵᠣᠭᠰᠣᠵᠤ ᠪᠠᠢᠭᠰᠠᠨ ᠣᠷᠣᠰ ᠺᠠᠽᠠᠭ ᠴᠡᠷᠢᠭ ᠦ᠋ᠨ ᠵᠦᠭ ᠬᠤᠷᠤᠭᠤ ᠪᠠᠷ ᠵᠢᠭᠠᠵᠠᠢ᠃  
       — ᠶᠡᠬᠡ ᠵᠠᠩᠵᠤᠨ ᠬᠡᠯᠡᠨ᠎ᠡ᠄  ᠲᠠᠨᠠᠢ ᠬᠥᠮᠦᠨ᠂ ᠡᠨᠡ ᠬᠥᠮᠦᠨ ᠳᠡᠭᠦᠵᠢᠯᠡᠨ᠎ᠡ ᠬᠡᠷᠡᠺᠳᠡᠢ(ᠬᠡᠷᠡᠭᠲᠡᠢ)᠃ ᠢ ᠪᠣᠰᠢᠭᠣ᠂ ᠠ ᠦᠭᠡᠢ ᠪᠣᠯ ᠶᠡᠬᠡ ᠵᠠᠩᠵᠤᠨ ᠠᠭᠤᠷᠯᠠᠨ᠎ᠠ᠃ ᠢ ᠴᠢᠮᠠᠲᠤ ᠮᠠᠭᠤ ᠪᠣᠯᠤᠨ᠎ᠠ ᠭᠡᠵᠦ ᠣᠷᠣᠰ ᠴᠠᠭᠠᠨ ᠴᠡᠷᠢᠭ᠂ ᠪᠠᠷᠤᠨ ᠤ᠋ ᠲᠡᠷᠡ ᠦᠭᠡ ᠶ᠋ᠢ ᠮᠣᠩᠭᠣᠯᠴᠢᠯᠠᠵᠤ᠂ 
       ᠴᠠᠭᠠᠨ ᠮᠣᠩᠭᠣᠯ ᠴᠡᠷᠢᠭ ᠢ᠋ ᠲᠡᠷᠡ ᠬᠢᠲᠠᠳ ᠫᠦᠰᠡᠨ ᠦ᠌ ᠴᠠᠯᠠᠢᠲᠠᠯ᠎ᠠ ᠨᠡᠭᠡᠭᠡᠭᠰᠡᠨ ᠠᠰᠠᠷ ᠲᠠᠢ ᠬᠠᠭᠠᠯᠭᠠᠨ ᠤ᠋ ᠳᠡᠭᠡᠳᠦ ᠨᠢᠷᠤᠭᠤ ᠮᠣᠳᠣᠨ ᠳ᠋ᠤ᠌ ᠣᠯᠣᠰᠣ ᠪᠠᠨ ᠬᠠᠶᠠᠵᠤ ᠪᠠᠢᠬᠤ ᠵᠠᠪᠰᠠᠷ᠂ ᠰᠢᠫᠠᠢᠯᠤ ᠲᠡᠷᠡ ᠫᠦᠰᠡᠨ ᠦ᠌ ᠭᠡᠯᠮᠡᠭᠳᠡᠨ ᠰᠣᠴᠢᠵᠤ᠂ ᠪᠡᠶ᠎ᠡ ᠪᠡᠶ᠎ᠡ ᠳ᠋ᠡᠭᠡᠨ(ᠳ᠋ᠦ᠍ ᠪᠡᠨ) ᠰᠢᠬᠠᠴᠠᠯᠳᠤᠨ ᠪᠥᠭᠡᠮᠨᠡᠷᠡᠭᠰᠡᠨ ᠪᠢᠴᠢᠭᠡᠴᠢ ᠨᠠᠷ ᠲᠤ᠌ ᠠᠭᠤᠷ ᠲᠠᠢ ᠮᠠᠭᠤᠬᠠᠢ ᠳᠠᠭᠤᠨ ᠢ᠋ᠶ᠋ᠠᠷ ᠰᠦᠷ ᠪᠠᠳᠠᠷᠠᠭᠤᠯᠤᠨ᠂ 
       — ᠠ ᠬᠠᠢᠷᠴᠢᠺᠡ ᠪᠠᠢᠨ᠎ᠠ? ᠶᠠᠰᠢᠺᠡ ᠲᠠᠸᠡᠢ! ᠢ ᠲᠡᠭᠡᠭᠡᠳ ᠪᠤᠰᠢᠭᠤᠯ! ᠭᠡᠵᠦ᠃ 
       ᠬᠣᠶᠠᠷ ᠬᠢᠲᠠᠳ ᠰᠡᠩᠳᠡᠨ ᠮᠡᠩᠳᠡᠨ ᠨᠢᠭᠡ ᠲᠣᠮᠣ ᠬᠠᠢᠷᠴᠠᠭ ᠳᠠᠮᠵᠢᠯᠠᠨ ᠠᠪᠴᠤ ᠢᠷᠡᠵᠦ᠃  
       — ᠭᠠᠷ! ᠭᠡᠵᠦ ᠪᠠᠷᠤᠨ ᠤ᠋ ᠮᠣᠩᠭᠣᠯ ᠴᠡᠷᠢᠭ᠂ ᠬᠠᠮᠲᠤ ᠣᠯᠵᠠ ᠬᠠᠢᠭᠰᠠᠨ ᠲᠡᠷᠡ ᠣᠷᠣᠰ ᠺᠠᠽᠠᠭ ᠴᠡᠷᠢᠭ ᠢ᠋ ᠲᠦᠯᠬᠢᠪᠡᠰᠦ᠂ ᠲᠡᠷᠡ ᠨᠢ  ᠦᠭᠡ ᠳᠠᠭᠤᠨ ᠦᠭᠡᠢ ᠬᠠᠢᠷᠴᠠᠭ ᠳᠡᠭᠡᠷ᠎ᠡ ᠭᠠᠷᠤᠭᠠᠳ᠂ ᠠᠶᠤᠮᠰᠢᠭᠲᠤ ᠪᠠᠷᠤᠨ ᠤᠷᠤᠭᠤ ᠰᠣᠴᠢᠨ ᠡᠮᠢᠶᠡᠭᠰᠡᠨ ᠨᠢᠳᠦ ᠪᠡᠷ ᠬᠠᠷᠠᠵᠤ᠂ ᠬᠠᠢᠷᠴᠠᠭ ᠳᠡᠭᠡᠷ᠎ᠡ ᠪᠡᠨ ᠮᠥᠨ ᠨᠣᠮᠣᠬᠠᠨ ᠵᠣᠭᠰᠣᠪᠠ᠃ ᠴᠠᠭᠠᠨ ᠮᠣᠩᠭᠣᠯ ᠴᠡᠷᠢᠭ ᠣᠯᠣᠰᠣᠨ ᠤ᠋ ᠦᠵᠦᠭᠦᠷ ᠡᠴᠡ ᠲᠠᠲᠠᠵᠤ᠂ ᠲᠡᠷᠡ ᠬᠠᠢᠷᠴᠠᠭ ᠳᠡᠭᠡᠷ᠎ᠡ ᠨᠢ ᠭᠠᠷᠤᠭᠠᠳ᠂ ᠭᠣᠭᠴᠣᠭ᠎ᠠ ᠶ᠋ᠢ ᠺᠠᠽᠠᠭ ᠤ᠋ᠨ ᠬᠦᠵᠦᠭᠦᠨ ᠳ᠋ᠦ᠍ ᠨᠢᠮᠪᠠᠢ ᠭᠡᠭᠴᠢ ᠪᠡᠷ ᠵᠡᠭᠦᠭᠡᠳ᠂ ᠦᠰᠦᠷᠦᠨ ᠪᠠᠭᠤᠮᠠᠭᠴᠠ ᠲᠡᠷᠡ ᠺᠠᠽᠠᠭ ᠤ᠋ᠨ ᠬᠥᠯ ᠳᠣᠣᠷᠠᠬᠢ ᠬᠠᠢᠷᠴᠠᠭ ᠢ᠋ ᠨᠢᠭᠡᠨᠲᠡ ᠬᠦᠴᠦᠯᠡᠨ ᠢᠰᠬᠦᠯᠵᠦ ᠰᠤᠭᠤ ᠲᠦᠯᠬᠢᠪᠡ᠃ ᠥᠨᠥᠬᠢ ᠺᠠᠽᠠᠭ ᠳᠡᠭᠦᠵᠢᠯᠡᠭᠳᠡᠨ ᠲᠠᠷᠴᠢᠯᠠᠵᠤ᠂ ᠠᠮᠢ ᠲᠡᠮᠡᠴᠡᠨ ᠳᠥᠷᠪᠡᠨ ᠮᠥᠴᠢ ᠠᠷᠪᠠᠯᠵᠠᠵᠤ᠂ ᠰᠤᠨᠤᠨ ᠠᠲᠤᠷᠢᠨ ᠬᠥᠳᠡᠯᠬᠦ ᠳ᠋ᠦ᠍ᠨᠢ ᠲᠡᠷᠡ ᠮᠣᠩᠭᠣᠯ ᠬᠥᠮᠦᠨ ᠤᠬᠤᠰᠬᠢᠵᠦ ᠦᠰᠦᠷᠦᠭᠡᠳ ᠥᠨᠥᠬᠢ ᠺᠠᠽᠠᠭ ᠤ᠋ᠨ ᠪᠡᠶ᠎ᠡ ᠡᠴᠡ ᠲᠡᠪᠡᠷᠢᠨ ᠡᠯᠭᠦᠭᠳᠡᠵᠦ᠂ ᠲᠡᠭᠦᠨ ᠦ᠌ ᠬᠠᠮᠲᠤ ᠴᠠᠭ ᠤ᠋ᠨ ᠳᠡᠭᠦᠵᠢᠩ ᠮᠡᠲᠦ ᠤᠨᠵᠢᠬᠨᠠᠨ ᠬᠥᠳᠡᠯᠪᠡᠰᠦ ᠪᠠᠷᠤᠨ ᠤ᠋ ᠴᠡᠷᠢᠭ ᠲᠦ᠍ ᠲᠠᠭᠤᠭᠳᠠᠵᠤ ᠢᠷᠡᠭᠡᠳ ᠬᠠᠷᠠᠵᠤ ᠪᠠᠢᠭᠰᠠᠨ ᠣᠯᠠᠨ ᠬᠥᠮᠦᠨ ᠳᠠᠭᠤᠨ ᠠᠯᠳᠠᠵᠤ ᠶᠡᠬᠡᠳᠡ ᠠᠶᠤᠨ᠂ ᠵᠠᠷᠢᠮ ᠨᠢ ᠮᠠᠨᠢ ᠰᠢᠪᠡᠭᠡᠨᠡᠨ ᠤᠩᠰᠢᠪᠠ᠃ 
       — ᠣᠳᠣ ᠨᠥᠭᠥᠭᠡᠳᠡᠬᠢ ᠶ᠋ᠢ ᠭᠡᠵᠦ ᠬᠢᠬᠠᠷᠠᠭᠰᠠᠨ ᠮᠠᠭᠤᠬᠠᠢ ᠬᠣᠭᠣᠯᠠᠢ ᠪᠠᠷ ᠪᠠᠷᠤᠨ ᠤ᠋ ᠳᠠᠬᠢᠨ ᠥᠭᠦᠯᠡᠬᠦ ᠳ᠋ᠦ᠍᠂ ᠮᠣᠩᠭᠣᠯ ᠴᠢᠰᠤ ᠬᠣᠯᠢᠯᠳᠤᠭᠰᠠᠨ ᠡᠷᠯᠢᠵᠡ ᠪᠠᠢᠳᠠᠯ ᠲᠠᠢ᠂ ᠭᠡᠷ᠎ᠡ ᠬᠠᠴᠢᠷ ᠲᠣᠮᠣ ᠲᠠᠢ᠂ ᠡᠷᠭᠢᠭᠦᠯᠭᠡᠨ ᠦᠰᠦ ᠲᠡᠢ᠂ ᠪᠠᠢᠭᠠᠯᠢ ᠶ᠋ᠢᠨ ᠡᠮᠦᠨᠡᠬᠢ ᠵᠠᠯᠠᠭᠤ ᠣᠷᠣᠰ ᠺᠠᠽᠠᠭ ᠨᠥᠬᠥᠷ ᠢ᠋ᠶ᠋ᠡᠨ ᠬᠠᠭᠠᠯᠭᠠᠨ ᠳ᠋ᠤ᠌ ᠤᠷᠢᠳᠠ ᠶᠣᠰᠣᠭᠠᠷ ᠳᠡᠭᠦᠵᠢᠯᠡᠭᠡᠳ᠂ ᠬᠠᠮᠲᠤ ᠶᠠᠪᠤᠭᠰᠠᠨ ᠠᠷᠢᠬᠢᠨ ᠤ᠋ ᠪᠠᠨ ᠨᠥᠬᠥᠳ ᠢ᠋ ᠠᠯᠠᠭᠠᠳ᠂ ᠲᠤᠰᠢᠶᠠᠯ ᠢ᠋ ᠳᠤᠭᠤᠯᠭᠠᠪᠤᠷᠢᠲᠠᠢ ᠰᠠᠢᠬᠠᠨ ᠢ᠋ᠶ᠋ᠠᠷ ᠭᠦᠢᠴᠡᠳᠬᠡᠭᠰᠡᠨ ᠤᠴᠢᠷ ᠪᠡᠶ᠎ᠡ ᠳ᠋ᠦ᠍ ᠣᠨᠣᠭᠳᠠᠬᠤ ᠶᠠᠯ᠎ᠠ ᠬᠡᠯᠲᠦᠷᠢᠭᠰᠡᠨ ᠪᠣᠯᠪᠠᠤ(ᠪᠣᠯᠪᠠ ᠤᠤ) ᠭᠡᠵᠦ ᠪᠠᠷᠤᠨ ᠤ᠋ ᠡᠮᠦᠨ᠎ᠡ ᠢᠨᠢᠶᠡᠮᠰᠦᠭᠯᠡᠨ ᠨᠣᠮᠣᠬᠠᠨ ᠵᠣᠭᠰᠣᠪᠠᠯ᠂ ᠪᠠᠷᠤᠨ᠂ ᠰᠢᠫᠠᠢᠯᠤ ᠳ᠋ᠤ᠌᠂ 
       — ᠣᠳᠣ ᠥᠭᠡᠷ᠎ᠡ ᠶ᠋ᠢ ᠨᠢ ᠳᠡᠭᠦᠵᠢᠯᠡ ᠭᠡᠬᠦ ᠳ᠋ᠦ᠍ ᠂ ᠲᠡᠷᠡ ᠮᠣᠩᠭᠣᠯ ᠢ᠋ ᠬᠣᠶᠠᠷ ᠨᠥᠬᠥᠳ ᠦ᠋ᠨ ᠳᠡᠷᠭᠡᠳᠡ ᠳ᠋ᠦ᠍ᠨᠢ ᠨᠢᠭᠡᠨ ᠠᠳᠠᠯᠢ ᠳᠡᠭᠦᠵᠢᠯᠡᠪᠡ᠃   
       ᠫᠦᠰᠡ ᠶ᠋ᠢᠨ ᠳ᠋ᠠᠩᠵᠢᠶᠠᠳᠠ᠂ ᠤᠯᠴᠠᠭᠠᠷ ᠰᠢᠷ᠎ᠠ ᠴᠢᠷᠠᠢ ᠲᠠᠢ ᠪᠦᠳᠦᠭᠦᠨ ᠬᠢᠲᠠᠳ ᠲᠡᠷᠡ ᠭᠤᠷᠪᠠᠨ ᠬᠡᠭᠦᠷ ᠢ᠋ ᠵᠠᠢᠯᠠᠭᠤᠯᠵᠤ ᠥᠭᠭᠦᠨ᠎ᠡ ᠤᠤ ᠭᠡᠵᠦ ᠪᠠᠷᠤᠨ ᠢ᠋ ᠭᠤᠶᠤᠵᠤ᠂ 
       — ᠳᠠ ᠯᠣᠣᠶᠧ᠂ ᠬᠥᠮᠦᠨ ᠮᠠᠨᠠᠢ(ᠮᠠᠨ ᠤ᠋) ᠫᠦᠰᠡᠨ ᠳ᠋ᠦ᠍ ᠣᠷᠣᠬᠤ ᠦᠭᠡᠢ ᠪᠣᠯᠤᠨ᠎ᠠ᠂ ᠲᠠ ᠥᠴᠦᠬᠡᠨ ᠬᠤᠳᠠᠯᠳᠤᠭᠠᠴᠢᠨ ᠢ᠋ ᠥᠷᠥᠰᠢᠶᠡᠵᠦ ᠬᠠᠢᠷᠠᠯᠠ ᠭᠡᠵᠦ ᠭᠤᠶᠤᠪᠠ᠃ 
       — ᠮᠠᠷᠭᠠᠰᠢ ᠪᠣᠯᠲᠠᠯ᠎ᠠ ᠳᠡᠭᠦᠵᠢᠯᠡᠰᠥᠳᠡᠢ ᠪᠠᠢᠭ᠃ ᠬᠠᠷᠢᠨ ᠮᠠᠷᠭᠠᠰᠢ ᠥᠷᠯᠥᠭᠡ᠂ ᠡᠨᠡ ᠭᠤᠷᠪᠠᠨ ᠰᠡᠭ ᠢ᠋ ᠵᠠᠢᠯᠠᠭᠤᠯᠵᠤ ᠬᠠᠶᠠᠭᠠᠷᠠᠢ ᠭᠡᠵᠦ ᠬᠡᠯᠡᠭᠡᠳ᠂ ᠥᠩᠬᠧᠷᠡᠨ ᠦ᠌ ᠮᠠᠰᠢᠨ ᠳ᠋ᠠᠭᠠᠨ ᠰᠠᠭᠤᠬᠤ ᠳ᠋ᠤᠨᠢ(ᠳ᠋ᠤ᠌ ᠨᠢ)᠂ ᠠᠶᠤᠨ ᠭᠡᠯᠮᠡᠭᠳᠡᠭᠰᠡᠨ ᠣᠯᠠᠨ᠂ ᠪᠠᠷᠤᠨ ᠢ᠋ ᠬᠠᠮᠠᠭᠠᠯᠠᠵᠤ ᠶᠠᠪᠤᠬᠤ ᠴᠡᠷᠢᠭ ᠢ᠋ ᠮᠠᠰᠢᠨ ᠤ᠋ ᠬᠣᠢᠨ᠎ᠠ ᠠ᠋ᠴᠠ ᠬᠥᠳᠡᠯᠦᠮᠡᠭᠴᠡ ᠵᠦᠭ ᠵᠦᠭ ᠳᠠᠰᠢ ᠲᠠᠷᠬᠠᠪᠠ᠃ 
       — ᠶᠡᠬᠡ ᠵᠠᠩᠵᠤᠨ ᠬᠡᠯᠡᠨ᠎ᠡ᠂ ᠮᠠᠷᠭᠠᠰᠢ ᠪᠣᠯᠳᠤᠷ(ᠪᠣᠯᠲᠠᠯ᠎ᠠ) ᠪᠠᠢᠨ᠎ᠠ ᠬᠡᠷᠡᠺᠲᠡᠢ(ᠬᠡᠷᠡᠭᠲᠡᠢ)᠃ ᠢ ᠲᠡᠭᠦᠨᠴᠢᠯᠡᠨ ᠬᠥᠳᠡᠯᠭᠡᠬᠦ ᠪᠠ ᠠᠪᠬᠤ ᠪᠣᠯᠬᠤ ᠦᠭᠡᠢ ᠪᠠᠢᠨ᠎ᠠ᠃ ᠠ ᠮᠠᠷᠭᠠᠰᠢ᠂ ᠲᠠᠨᠠᠢ ᠬᠥᠮᠦᠨ᠂ ᠡᠨᠡ ᠦᠬᠦᠭᠰᠡᠨ ᠬᠥᠮᠦᠨ ᠠᠪᠬᠤ ᠪᠠ ᠬᠠᠶᠠᠬᠤ ᠪᠣᠯᠤᠨ᠎ᠠ᠃ ᠠ ᠣᠳᠣ ᠪᠣᠯᠬᠤ ᠦᠭᠡᠢ᠂ ᠵᠠᠩᠵᠤᠨ ᠠᠭᠤᠷᠯᠠᠨ᠎ᠠ᠃ ᠠᠢ ᠲᠡᠭᠡᠭᠡᠳ᠂ ᠲᠠᠨᠠᠢ(ᠲᠠᠨ ᠤ᠋) ᠬᠥᠮᠦᠨ ᠢ᠋ ᠵᠣᠳᠣᠨ᠎ᠠ᠂ ᠪᠠᠷᠢᠨ᠎ᠠ᠂ ᠠᠯᠠᠨ᠎ᠠ᠂ ᠬᠢᠳᠤᠨ᠎ᠠ᠂ ᠳᠡᠭᠦᠵᠢᠯᠡᠨ᠎ᠡ᠃  
       ᠮᠠᠨᠠᠢ(ᠮᠠᠨ ᠤ᠋) ᠵᠠᠩᠵᠤᠨ ᠲᠠᠨᠠᠢ(ᠲᠠᠨ ᠤ᠋) ᠲᠥᠯᠥᠭᠡ ᠥᠪᠡᠷ ᠦ᠋ᠨ ᠬᠣᠶᠠᠷ ᠴᠡᠷᠢᠭ ᠰᠢᠢᠳᠬᠡᠭᠰᠡᠨ ᠪᠠ ᠳᠡᠭᠦᠵᠢᠯᠡᠭᠰᠡᠨ ᠪᠠᠢᠨ᠎ᠠ᠃ ᠠ ᠲᠠᠨ ᠤ᠋ ᠬᠥᠮᠦᠨ ᠶᠣᠰᠣ ᠮᠡᠳᠡᠬᠦ ᠦᠭᠡᠢ ᠪᠠ ᠶᠠᠮᠠᠷ ᠮᠠᠭᠤ ᠬᠥᠮᠦᠨ ᠪᠠᠢᠨ᠎ᠠ? ᠶᠡᠬᠡ ᠵᠠᠩᠵᠤᠨ ᠳ᠋ᠤ᠌ ᠪᠡᠯᠡᠭ ᠪᠠᠷᠢᠨ᠎ᠠ᠂ ᠮᠥᠷᠭᠥᠨ᠎ᠡ᠂ ᠰᠥᠭᠥᠳᠦᠨ᠎ᠡ᠂ ᠠᠢ ᠪᠠᠶᠠᠷ ᠬᠦᠷᠭᠡᠨ᠎ᠡ ᠬᠡᠷᠡᠭᠲᠡᠢ᠃ ᠠ᠂ ᠦᠭᠡᠢ ᠪᠣᠯ᠂ ᠮᠠᠭᠤ ᠪᠣᠯᠤᠨ᠎ᠠ ᠭᠡᠵᠦ ᠲᠡᠷᠡ ᠴᠠᠭᠠᠨ ᠤ᠋ ᠣᠷᠣᠰ ᠴᠡᠷᠢᠭ᠂ ᠥᠨᠥᠬᠢ ᠫᠦᠰᠡᠨ ᠦ᠌ ᠬᠢᠲᠠᠳ ᠪᠢᠴᠢᠭᠡᠴᠢ ᠨᠠᠷ ᠲᠤ᠌  ᠬᠡᠯᠡᠵᠦ᠂ ᠲᠡᠳᠡ ᠨᠢ ᠰᠡᠩᠳᠡ ᠮᠡᠩᠳᠡ ᠪᠠᠷᠤᠨ ᠤ᠋ ᠡᠮᠦᠨ᠎ᠡ ᠰᠥᠭᠥᠳᠦᠨ ᠮᠥᠷᠭᠥᠵᠦ᠂ ᠳ᠋ᠠᠩᠵᠢᠶᠠᠳᠠ (ᠳᠠᠩᠵᠢᠶᠠᠳ) ᠨᠢ ᠨᠢᠭᠡ ᠪᠣᠭᠣᠳᠠᠯ ᠲᠠᠢ ᠶᠠᠭᠤᠮ᠎ᠠ ᠪᠠᠷᠤᠨ ᠳ᠋ᠤ᠌ ᠶᠣᠰᠣᠯᠠᠨ ᠪᠠᠷᠢᠵᠠᠢ᠃ 
       ᠪᠣᠰᠤᠭ᠎ᠠ ᠪᠥᠬᠡ ᠲᠡᠢ ᠲᠣᠮᠣ ᠡᠨᠳᠡ ᠤᠨᠤᠭᠰᠠᠨ ᠬᠥᠳᠡᠭᠡ ᠶ᠋ᠢᠨ ᠨᠢᠭᠡ ᠡᠪᠦᠭᠡᠨ᠂ ᠪᠠᠲᠤᠪᠠᠶᠠᠷ ᠤ᠋ᠨ ᠠᠮᠤᠷᠯᠠᠩᠭᠤᠢ ᠰᠠᠢᠬᠠᠨ ᠴᠢᠷᠠᠢ ᠶ᠋ᠢ ᠨᠢ ᠬᠠᠷᠠᠭᠠᠳ᠂ ᠨᠠᠮ ᠳᠠᠭᠤᠨ ᠢ᠋ᠶ᠋ᠠᠷ ᠥᠭᠦᠯᠡᠷᠦᠨ᠂ 
       — ᠴᠣᠬᠣᠮ ᠶᠣᠰᠣ ᠬᠡᠯᠡᠯᠴᠡᠪᠡᠯ ᠡᠨᠡ ᠭᠤᠷᠪᠠ ᠶ᠋ᠢᠨ ᠬᠠᠵᠠᠭᠤ ᠳ᠋ᠤ᠌ ᠪᠠᠷᠤᠨ ᠢ᠋ ᠥᠪᠡᠷ ᠢ᠋ ᠨᠢ ᠳᠡᠭᠦᠵᠢᠯᠡᠪᠡᠯ ᠵᠣᠬᠢᠬᠤ ᠶᠤᠮᠰᠠᠨᠵᠢ ᠳᠠ᠃ ᠲᠡᠭᠦᠨ ᠦ᠌ ᠤᠷᠰᠢᠭ ᠢ᠋ᠶ᠋ᠠᠷ ᠡᠨᠡ ᠵᠠᠪᠰᠠᠷ ᠡᠬᠡᠨᠡᠷ ᠬᠡᠦᠬᠡᠳ᠂ ᠡᠪᠦᠭᠡᠳ ᠨᠠᠰᠤᠲᠠᠨ᠂ ᠬᠡᠴᠢᠨᠡᠨ ᠠᠮᠢᠲᠠᠨ ᠠᠮᠢ ᠪᠠᠨ ᠬᠢᠯᠢᠰ ᠭᠠᠰᠢᠭᠤᠨ ᠢ᠋ᠶ᠋ᠠᠷ ᠠᠯᠳᠠᠪᠠ᠃ ᠬᠡᠴᠢᠨᠡᠨ ᠠᠮᠢᠲᠠᠨ ᠬᠠᠮᠤᠭ ᠶᠠᠭᠤᠮ᠎ᠠ ᠪᠠᠨ ᠪᠠᠷᠤᠨ ᠳ᠋ᠤ᠌ ᠪᠤᠯᠢᠶᠠᠯᠭᠠᠵᠤ᠂ ᠪᠠᠢᠳᠠᠭ ᠮᠠᠯ ᠢ᠋ᠶ᠋ᠠᠨ ᠲᠠᠯᠠᠭᠤᠯᠪᠠ᠃ ᠤᠳᠠᠬᠤ ᠦᠭᠡᠢ ᠨᠢᠭᠦᠯ ᠦ᠋ᠨ ᠰᠠᠪᠠ ᠨᠢ ᠳᠦᠭᠦᠷᠬᠦ ᠶᠦᠮ ᠪᠠᠢᠯ ᠦᠭᠡᠢ ᠳᠡ᠃ ᠰᠢᠷᠬᠠᠳᠤᠭᠰᠠᠨ ᠭᠠᠮᠢᠩ ᠴᠡᠷᠢᠭ ᠬᠡᠪᠲᠡᠵᠦ ᠪᠠᠢᠭᠰᠠᠨ ᠬᠢᠲᠠᠳ ᠡᠮᠨᠡᠯᠭᠡ ᠶ᠋ᠢᠨ ᠬᠠᠵᠠᠭᠤ ᠪᠠᠷ ᠭᠠᠷᠬᠤ ᠳ᠋ᠤ᠌᠂ ᠣᠳᠣ ᠬᠦᠷᠲᠡᠯ᠎ᠡ ᠬᠥᠮᠦᠨ ᠦ᠌ ᠮᠢᠬᠠᠨ ᠤ᠋ ᠬᠡᠩᠰᠢᠭᠦᠦ ᠬᠠᠩᠬᠤᠯᠤᠭᠰᠠᠭᠠᠷ ᠪᠠᠢᠨ᠎ᠠ ᠪᠢᠯᠡ᠃ ᠲᠡᠷᠡ ᠰᠢᠲᠠᠵᠤ ᠦᠬᠦᠭᠰᠡᠨ ᠰᠢᠷᠬᠠᠳᠤᠨ (ᠰᠢᠷᠬᠠᠲᠠᠨ) ᠨᠤᠭᠤᠳ᠂ ᠬᠡᠳᠦᠢ ᠳᠠᠢᠰᠤᠨ ᠤ᠋ ᠴᠡᠷᠢᠭ ᠪᠣᠯᠪᠠᠴᠤ ᠬᠥᠮᠦᠨ ᠦ᠌ ᠦᠷ᠎ᠡ ᠰᠢᠦ ᠳᠡ ᠭᠡᠵᠦ ᠲᠡᠷᠡ ᠡᠪᠦᠭᠡᠨ ᠦ᠌ ᠬᠡᠯᠡᠬᠦ ᠳ᠋ᠦ᠍ ᠪᠠᠲᠤᠪᠠᠶᠠᠷ᠂ 
       — ᠮᠢᠨᠦ ᠬᠦᠦ ᠶ᠋ᠢ ᠠᠷᠠᠢ ᠴᠤᠤ ᠭᠡᠵᠦ ᠭᠠᠮᠢᠩ ᠤ᠋ᠨ ᠱᠣᠷᠣᠩ ᠠ᠋ᠴᠠ ᠭᠠᠷᠴᠤ ᠢᠷᠡᠬᠦ ᠳ᠋ᠦ᠍ᠨᠢ(ᠳ᠋ᠦ᠍ ᠨᠢ) ᠪᠠᠷᠤᠨ ᠤ᠋ ᠴᠡᠷᠢᠭ ᠫᠤᠤᠳᠠᠨ ᠰᠢᠷᠬᠠᠲᠤᠭᠤᠯᠵᠤ᠂ ᠬᠠᠰᠢᠶᠠᠨ ᠤ᠋ ᠪᠠᠨ ᠬᠠᠭᠠᠯᠭᠠᠨ ᠳᠡᠭᠡᠷ᠎ᠡ ᠨᠢ ᠳᠥᠩᠭᠡᠵᠢ ᠬᠦᠷᠴᠦ ᠢᠷᠡᠲᠡᠯ᠎ᠡ ᠪᠠᠷᠤᠨ ᠤ᠋ ᠨᠢᠭᠡᠨ ᠴᠡᠷᠢᠭ ᠭᠠᠢ ᠪᠣᠯᠵᠤ ᠳᠠᠭᠠᠷᠢᠯᠳᠤᠵᠠᠢ ᠭᠡᠬᠦ ᠳ᠋ᠦ᠍ᠨᠢ(ᠳ᠋ᠦ᠍ ᠨᠢ)᠂ 
       — ᠬᠠᠷᠭᠢᠰ ᠪᠠᠷᠣᠨ ᠠᠷᠠᠳ ᠠᠮᠢᠲᠠᠨ ᠢ᠋ ᠤᠳᠠᠲᠠᠯ᠎ᠠ ᠳᠠᠷᠤᠯᠠᠵᠤ ᠴᠢᠳᠠᠬᠤ ᠦᠭᠡᠢ ᠪᠣᠯᠵᠤ ᠪᠠᠢᠭ᠎ᠠ ᠰᠢᠦ ᠭᠡᠵᠦ ᠲᠡᠷᠡ ᠡᠪᠦᠭᠡᠨ ᠰᠢᠪᠡᠭᠡᠨᠡᠨ ᠥᠭᠦᠯᠡᠷᠦᠨ᠂ ᠬᠣᠢᠲᠤ ᠵᠦᠭ ᠲᠦ᠍ ᠰᠦᠬᠡᠪᠠᠭᠠᠲᠤᠷ ᠴᠣᠢᠪᠠᠯᠰᠠᠩ ᠬᠣᠶᠠᠷ ᠤ᠋ᠨ ᠰᠤᠷᠠᠭ ᠪᠣᠢ᠃ ᠵᠢᠷᠤᠮ ᠤ᠋ᠨ ᠴᠡᠷᠢᠭ ᠡᠯᠰᠡᠵᠦ᠂ ᠠᠷᠠᠳ ᠣᠯᠠᠨ ᠢ᠋ ᠭᠠᠰᠢᠭᠤᠨ ᠵᠣᠪᠠᠯᠠᠩ ᠠ᠋ᠴᠠ ᠠᠩᠭᠢᠵᠢᠷᠠᠭᠤᠯᠬᠤ ᠵᠣᠷᠢᠯᠭ᠎ᠠ ᠲᠠᠢ ᠶᠤᠮ ᠭᠡᠨ᠎ᠡ ᠪᠢᠯᠡ ᠭᠡᠬᠦ ᠳ᠋ᠦ᠍ᠨᠢ(ᠳ᠋ᠦ᠍ ᠨᠢ)᠂ ᠪᠠᠲᠤᠪᠠᠶᠠᠷ᠂ ᠲᠡᠷᠡ ᠡᠪᠦᠭᠡᠨ ᠦ᠌ ᠵᠦᠭ ᠡᠷᠭᠢᠵᠦ᠂ 
       — ᠦᠨᠡᠬᠡᠷ ᠤᠤ? ᠶᠠᠮᠠᠷ ᠰᠠᠢᠬᠠᠨ ᠦᠭᠡ ᠪᠣᠢ? ᠭᠡᠬᠦ ᠳ᠋ᠦ᠍ᠨᠢ(ᠳ᠋ᠦ᠍ ᠨᠢ)᠂  
       — ᠮᠠᠨᠠᠢ(ᠮᠠᠨ ᠤ᠋) ᠬᠦᠷᠭᠡᠨ ᠰᠠᠢ᠍ᠢ (ᠰᠠᠶᠢ) ᠲᠡᠷᠡ ᠵᠢᠷᠤᠮ ᠤ᠋ᠨ ᠴᠡᠷᠢᠭ ᠲᠦ᠍ ᠡᠯᠰᠡᠬᠦ ᠭᠡᠵᠦ ᠰᠠᠮ ᠮᠣᠷᠳᠠᠭᠰᠠᠨ᠃ ᠥᠨᠥ ᠥᠷᠯᠥᠭᠡ ᠪᠢ ᠬᠦᠷᠭᠡᠨ ᠡᠴᠡ ᠠᠮᠠ ᠵᠠᠬᠢᠶ᠎ᠠ ᠰᠠᠢᠨ ᠬᠥᠮᠦᠨ ᠢ᠋ᠶ᠋ᠡᠷ ᠳᠠᠮᠵᠢᠭᠤᠯᠤᠭᠰᠠᠨ ᠢ᠋ ᠣᠯᠵᠤ ᠰᠣᠨᠣᠰᠤᠯ᠎ᠠ᠃ ᠡᠷᠬᠡ ᠴᠢᠯᠥᠭᠡ ᠪᠡᠨ ᠣᠯᠬᠤ ᠶ᠋ᠢᠨ ᠪᠠᠶᠠᠷ ᠦᠵᠡᠨ᠎ᠡ ᠭᠡᠵᠦ ᠪᠢ ᠡᠨᠡ ᠴᠠᠭᠠᠭᠴᠢᠨ ᠲᠠᠬᠢᠶ᠎ᠠ ᠵᠢᠯ ᠳ᠋ᠦ᠍ ᠭᠣᠷᠢ ᠶᠡᠬᠡᠲᠡᠢ ᠪᠠᠢᠨ᠎ᠠ ᠰᠢᠦ ᠬᠡᠮᠡᠪᠡᠰᠦ᠂ 
       — ᠠᠮᠠᠨ ᠤ᠋ ᠪᠡᠯᠭᠡ ᠡᠴᠡ ᠠᠰᠢᠳᠠ ᠶ᠋ᠢᠨ ᠪᠡᠯᠭᠡ ᠭᠡᠵᠦ ᠲᠡᠷᠡ ᠰᠠᠢᠬᠠᠨ ᠠᠮᠠ ᠪᠠᠷ ᠴᠢᠨᠢ ᠪᠣᠯᠲᠤᠭᠠᠢ!  ᠭᠡᠳ ᠪᠠᠲᠤᠪᠠᠶᠠᠷ ᠲᠡᠮᠡᠭᠡ ᠪᠡᠨ ᠲᠠᠰᠢᠭᠤᠷᠳᠠᠨ ᠵᠣᠭᠳᠣᠷ ᠬᠥᠳᠡᠯᠭᠡᠪᠡ᠃  
              *                *                  *   
       ᠵᠢᠷᠤᠬᠠᠢᠴᠢ ᠨᠠᠷ ᠤ᠋ᠨ ᠰᠣᠩᠭᠣᠵᠤ ᠲᠣᠭᠲᠠᠭᠠᠭᠰᠠᠨ᠂ ᠣᠯᠠᠨ᠎ᠠ ᠡᠷᠭᠦᠭᠳᠡᠭᠰᠡᠨ ᠦ᠌ ᠠᠷᠪᠠᠨ ᠨᠢᠭᠡᠨ ᠣᠨ ᠤ᠋ ᠴᠠᠭᠠᠨ ᠰᠠᠷ᠎ᠠ ᠶ᠋ᠢᠨ ᠠᠷᠪᠠᠨ ᠲᠠᠪᠤᠨ ᠤ᠋ ᠡᠳᠦᠷ ᠬᠠᠭᠠᠨ ᠳᠠᠬᠢᠨ ᠰᠢᠷᠡᠭᠡᠨ᠎ᠡ ᠵᠠᠯᠠᠷᠠᠪᠠ᠃ ᠤᠯᠤᠰ ᠤ᠋ᠨ ᠶᠡᠷᠦᠩᠬᠡᠢ ᠰᠠᠢᠳ ᠤ᠋ᠨ ᠲᠤᠰᠢᠶᠠᠯ ᠳ᠋ᠤ᠌ ᠵᠠᠭᠠᠯᠬᠠᠩᠵᠠ ᠬᠤᠲᠤᠭᠲᠤ ᠶ᠋ᠢ ᠲᠣᠬᠣᠭᠠᠨ ᠲᠣᠮᠢᠯᠠᠵᠤ᠂ ᠬᠠᠮᠢᠶᠠᠷᠤᠭᠰᠠᠨ ᠶᠡᠷᠦᠩᠬᠡᠢ ᠰᠠᠢᠳ ᠲᠤ᠌ ᠮᠠᠨᠵᠤᠰᠢᠷᠢ ᠬᠤᠲᠤᠭᠲᠤ ᠶ᠋ᠢ ᠲᠣᠬᠣᠭᠠᠵᠠᠢ᠃ ᠪᠣᠭᠳᠠ ᠬᠠᠭᠠᠨ᠂ ᠪᠠᠷᠣᠨ ᠦᠩᠭᠧᠷᠠᠨ ᠳ᠋ᠤ᠌《ᠤᠯᠤᠰ ᠢ᠋ ᠮᠠᠨᠳᠤᠭᠤᠯᠤᠭᠴᠢ ᠶᠡᠬᠡ ᠪᠠᠭᠠᠲᠤᠷ ᠵᠠᠩᠵᠤᠨ》 ᠴᠣᠯᠠ᠂ ᠴᠢᠨ ᠸᠠᠩ ᠤ᠋ᠨ ᠵᠡᠷᠭᠡ ᠬᠠᠭᠠᠨ ᠤ᠋ ᠬᠡᠷᠬᠢᠮ( ᠬᠡᠷᠬᠡᠮ) ᠱᠠᠩᠨᠠᠵᠠᠢ᠃ 
       ᠪᠠᠷᠤᠨ ᠦᠩᠭᠧᠷᠡᠨ ᠳ᠋ᠦ᠍ ᠡᠷᠭᠦᠮᠵᠢᠯᠡᠭᠦᠯᠦᠭᠰᠡᠨ ᠳ᠋ᠡᠭᠡᠨ (ᠳ᠋ᠦ᠍ ᠪᠡᠨ) ᠪᠠᠬᠠᠷᠬᠠᠵᠤ ᠮᠠᠨᠵᠤᠰᠢᠷᠢ ᠬᠤᠲᠤᠭᠲᠤ ᠪᠠᠷᠳᠠᠮᠨᠠᠨ ᠥᠭᠦᠯᠡᠷᠦᠨ᠂ 
       — ᠣᠳᠣ᠂ ᠮᠠᠨᠠᠢ(ᠮᠠᠨ ᠤ᠋) ᠤᠯᠤᠰ ᠲᠥᠷᠥ᠂ ᠸᠴᠢᠷ ᠠᠯᠮᠠᠰ ᠠᠳᠠᠯᠢ ᠪᠠᠲᠤ ᠪᠡᠬᠢ ᠪᠣᠯᠪᠠ᠃ ᠤᠯᠤᠰ ᠤ᠋ᠨ ᠡᠵᠡᠨ ᠪᠣᠭᠳᠠ ᠬᠠᠭᠠᠨ᠂ ᠷᠢᠬᠰᠤᠮᠭᠣᠮᠪᠤᠤ ᠠᠷᠢᠶᠠᠪᠠᠯᠤ ᠶ᠋ᠢᠨ ᠬᠤᠪᠢᠯᠭᠠᠨ᠂ ᠮᠠᠨᠠᠢ (ᠮᠠᠨ ᠤ᠋) ᠤᠯᠤᠰ ᠤ᠋ᠨ ᠶᠡᠷᠦᠩᠬᠡᠢ ᠰᠠᠢᠳ ᠵᠠᠭᠠᠯᠬᠠᠩᠵᠠ ᠬᠤᠲᠤᠭᠲᠤ᠂ ᠸᠠᠴᠢᠷᠪᠠᠨᠢ  ᠶ᠋ᠢᠨ ᠬᠤᠪᠢᠯᠭᠠᠨ᠂ ᠬᠠᠮᠢᠶᠠᠷᠤᠭᠰᠠᠨ ᠶᠡᠷᠦᠩᠬᠡᠢ ᠰᠠᠢᠳ ᠮᠢᠨᠦ ᠪᠡᠶ᠎ᠡ ᠮᠠᠨᠵᠤᠰᠢᠷᠢ ᠶ᠋ᠢᠨ ᠬᠤᠪᠢᠯᠭᠠᠨ᠂ ᠮᠠᠨᠠᠢ(ᠮᠠᠨ ᠤ᠋)ᠤᠯᠤᠰ ᠢ᠋ ᠮᠠᠨᠳᠤᠭᠤᠯᠤᠭᠴᠢ ᠶᠡᠬᠡ ᠪᠠᠭᠠᠲᠤᠷ ᠵᠠᠩᠵᠤᠨ ᠪᠠᠷᠤᠨ ᠦᠩᠭᠧᠷᠡᠨ ᠪᠣᠯᠪᠠᠯ ᠤᠯᠠᠭᠠᠨ ᠰᠠᠬᠢᠭᠤᠯᠰᠤ ᠭᠡᠰᠡᠷ ᠦ᠋ᠨ ᠬᠤᠪᠢᠯᠭᠠᠨ ᠭᠡᠵᠡᠢ᠃* 
       ᠭᠡᠪᠡᠴᠦ᠂ ᠰᠢᠷ᠎ᠠ ᠬᠠᠷ᠎ᠠ ᠹᠧᠣᠳᠠᠯ ᠤ᠋ᠨ ᠲᠡᠷᠡ ᠣᠯᠠᠨ《ᠪᠤᠷᠬᠠᠨ ᠤ᠋ ᠬᠤᠪᠢᠯᠭᠠᠨ》 ᠪᠦᠷᠢᠳᠦᠭᠰᠡᠨ ᠵᠠᠰᠠᠭ ᠤ᠋ᠨ ᠭᠠᠵᠠᠷ ᠨᠢ᠂ ᠰᠥᠨᠥᠨ ᠮᠥᠬᠥᠵᠦ ᠪᠠᠢᠭ᠎ᠠ ᠲᠥᠷᠥᠯᠬᠢᠲᠡᠨ ᠦ᠌ ᠬᠠᠪᠴᠢᠭ ᠭᠠᠪᠠᠯᠠ ᠲᠠᠢ ᠤᠰᠲ᠋ᠣᠸ**  ᠤ᠋ᠨ ᠪᠠᠷᠤᠨ ᠤ᠋ ᠠᠳᠬᠤᠨ ᠳ᠋ᠠᠬᠢ ᠲᠣᠭᠯᠠᠭᠠᠮ ᠪᠠᠢᠭᠰᠠᠨ ᠪᠥᠭᠡᠳ ᠠᠷᠠᠳ ᠲᠦᠮᠡᠨ ᠦ᠌ ᠰᠡᠳᠬᠢᠯ ᠰᠠᠨᠠᠭ᠎ᠠ ᠶ᠋ᠢ ᠠᠯᠳᠠᠵᠤ᠂ ᠣᠯᠠᠨ ᠳ᠋ᠤ᠌ ᠨᠡᠷ᠎ᠡ ᠮᠠᠭᠤᠲᠠᠢ ᠪᠠᠢᠭᠰᠠᠨ ᠢ᠋ᠶ᠋ᠠᠨ ᠮᠡᠳᠡᠵᠦ ᠪᠠᠢᠭ᠎ᠠ ᠶ᠋ᠢᠨ ᠳᠡᠭᠡᠷ᠎ᠡ᠂ ᠮᠠᠨᠵᠤᠰᠢᠷᠢ ᠬᠤᠲᠤᠭᠲᠤ ᠶ᠋ᠢᠨ ᠪᠠᠷᠳᠠᠮᠨᠠᠨ ᠬᠡᠯᠡᠭᠰᠡᠨ ᠲᠡᠢ ᠠᠳᠠᠯᠢ ᠲᠡᠢᠮᠦ ᠪᠡᠬᠢ ᠪᠠᠲᠤ ᠪᠢᠰᠢ ᠭᠡᠳᠡᠭ ᠢ᠋ᠶ᠋ᠡᠨ ᠮᠥᠨ ᠭᠠᠳᠠᠷᠯᠠᠵᠤ ᠪᠠᠢᠪᠠ᠃ 
       ᠬᠦᠷᠢᠶᠡᠨ ᠦ᠌ ᠵᠠᠰᠠᠭ ᠤ᠋ᠨ ᠡᠷᠬᠡ ᠪᠠᠷᠢᠭᠴᠢᠳ᠂ ᠭᠠᠯ ᠤᠰᠤᠨ ᠤ᠋ ᠭᠠᠰᠢᠭᠤᠨ ᠵᠣᠪᠠᠯᠠᠩ ᠳ᠋ᠤ᠌ ᠨᠡᠷᠪᠡᠭᠳᠡᠵᠦ ᠪᠠᠢᠭ᠎ᠠ ᠠᠷᠠᠳ ᠲᠦᠮᠡᠨ ᠦ᠌ ᠪᠡᠨ ᠡᠷᠬᠡ ᠴᠢᠯᠥᠭᠡ᠂ ᠲᠤᠰᠠᠭᠠᠷ ᠲᠣᠭᠲᠠᠨᠢᠬᠤ ᠶ᠋ᠢᠨ ᠲᠥᠯᠥᠭᠡ ᠲᠤᠯᠤᠯᠳᠤᠬᠤ ᠭᠡᠵᠦ ᠬᠦᠴᠦᠨ ᠵᠤᠵᠠᠭᠠᠳᠬᠠᠵᠤ ᠪᠠᠢᠭᠰᠠᠨ ᠰᠦᠬᠡᠪᠠᠭᠠᠲᠤᠷ᠂ ᠴᠣᠢᠪᠠᠯᠰᠠᠩ ᠤ᠋ᠨ ᠵᠢᠷᠤᠮ ᠤ᠋ᠨ ᠴᠡᠷᠢᠭ ᠦ᠋ᠨ ᠲᠤᠬᠠᠢ ᠤᠮᠠᠷ᠎ᠠ ᠵᠦᠭ ᠡᠴᠡ  ᠮᠡᠳᠡᠭᠡ ᠢᠷᠡᠭᠰᠡᠭᠡᠷ ᠪᠠᠢᠭ᠎ᠠ ᠶ᠋ᠢ ᠶᠡᠬᠡᠯ᠎ᠡ(ᠶᠡᠬᠡ ᠯᠡ)ᠡᠮᠢᠶᠡᠨ ᠰᠣᠨᠣᠰᠴᠤ ᠪᠠᠢᠭᠰᠠᠨ ᠪᠥᠯᠥᠭᠡ᠃  
       ᠠᠷᠪᠠᠨ ᠲᠠᠪᠤᠳᠤᠭᠠᠷ ᠮᠥᠴᠡᠯᠭᠡ ᠰᠢᠪᠲᠤᠷᠴᠤ᠂ ᠤᠯᠤᠰ ᠣᠷᠣᠨ ᠨᠢ ᠣᠺᠲ᠋ᠣᠪᠧᠷ ᠦ᠋ᠨ ᠭᠡᠷᠡᠯ ᠢ᠋ᠶ᠋ᠡᠷ ᠭᠡᠢᠭᠦᠯᠦᠭᠰᠡᠨ ᠬᠣᠷᠢᠳᠤᠭᠠᠷ ᠮᠥᠴᠡᠯᠭᠡ ᠶ᠋ᠢᠨ ᠬᠣᠷᠢᠭᠠᠳ ᠣᠨ ᠤ᠋ ᠦᠶ᠎ᠡ ᠳ᠋ᠦ᠍ ᠦᠰᠦᠷᠦᠨ ᠣᠷᠣᠬᠤ ᠭᠡᠵᠦ ᠪᠠᠢᠪᠠ᠃ ᠹᠧᠣᠳᠠᠯ ᠤ᠋ᠨ ᠳᠤᠮᠳᠠᠳᠤ ᠡᠷᠲᠡᠨ ᠦ᠌ ᠦᠶ᠎ᠡ ᠶ᠋ᠢᠨ ᠪᠠᠯᠠᠷ ᠬᠠᠷᠠᠩᠭᠤᠢ ᠰᠥᠨᠢ ᠨᠥᠭᠴᠢᠨ ᠡᠴᠦᠰᠯᠡᠵᠦ᠂ ᠬᠥᠮᠦᠨ ᠢ᠋ ᠲᠤᠢᠯ ᠤ᠋ᠨ ᠬᠠᠷᠭᠢᠰ ᠢ᠋ᠶ᠋ᠠᠷ ᠲᠠᠮᠤᠯᠠᠨ ᠵᠣᠪᠠᠭᠠᠭᠴᠢ ᠦᠩᠭᠧᠷᠡᠨ ᠦ᠌ ᠶᠠᠮᠠᠷ ᠴᠤ᠌ ᠡᠷᠡᠭᠦᠦ ᠰᠢᠭᠦᠯᠲᠡ᠂ ᠨᠢᠳᠦ ᠦᠭᠡᠢ ᠰᠣᠬᠣᠷ ᠬᠠᠭᠠᠨ ᠤ᠋ ᠶᠠᠮᠠᠷ ᠴᠤ᠌ ᠨᠣᠮ ᠭᠦᠷᠢᠮ ᠨᠢ ᠬᠠᠭᠤᠴᠢᠨ ᠢ᠋ ᠡᠭᠡᠭᠦᠯᠬᠦ ᠬᠦᠴᠦᠨ ᠦᠭᠡᠢ ᠪᠥᠯᠥᠭᠡ᠃    

                       ᠬᠣᠶᠠᠳᠤᠭᠠᠷ ᠳᠡᠪᠲᠡᠷ ᠲᠡᠭᠦᠰᠪᠡ᠃   


— — — — 
 *  ᠦᠨᠡᠨ ᠬᠡᠷᠡᠭ   
 *  ᠦᠨᠡᠨ ᠬᠡᠷᠡᠭ  
 * ᠬᠡ· ᠺᠦᠨᠬᠦᠷᠦᠹ᠂ ᠢ· ᠰᠤᠷᠤᠺᠦᠸᠢᠺᠣᠹ᠂《᠁᠁᠁》᠂ ᠡᠷᠭᠡᠦ ᠬᠣᠲᠠ1946 ᠣᠨ᠂ 60 ᠳ᠋ᠤᠭᠠᠷ ᠲᠠᠯ᠎ᠠ᠃  
 * ᠵᠢᠷᠬᠡᠮᠰᠡᠭᠲᠦ ᠭᠡᠵᠦ ᠶᠠᠰᠤ ᠦᠰᠦ ᠰᠠᠵᠢᠬᠢᠨᠠᠮ ᠠᠶᠤᠯ ᠲᠠᠢ ᠭᠡᠰᠡᠨ ᠦᠭᠡ᠃ 
 * ᡀᠠᠬᠠᠵᠠᠯᠯᠤ  ᠭᠡᠵᠦ ᠲᠩᠷᠢ ᠢᠯᠠᠪᠠ ᠭᠡᠰᠡᠨ ᠦᠭᠡ᠃ 
 * ᠭᠡᠰᠡᠷ ᠦ᠋ᠨ ᠰᠠᠩ ᠲᠠᠬᠢᠯᠭ᠎ᠠ ᠶ᠋ᠢᠨ ᠰᠤᠳᠤᠷ ᠠ᠋ᠴᠠ ᠡᠰᠢ ᠲᠠᠲᠠᠪᠠ᠃ ᠲᠠᠷᠢᠶᠠᠲᠤ ᠶ᠋ᠢᠨ ᠬᠦᠷᠢᠶ᠎ᠡ᠂ ᠢᠯᠠᠭᠤᠭᠰᠠᠨ ᠬᠤᠲᠤᠭᠲᠤ ᠶ᠋ᠢᠨ ᠬᠡᠢᠳ ᠲᠦ᠍ ᠰᠠᠶᠢᠬᠠᠨ ᠬᠦᠷᠲᠡᠯ᠎ᠡ ᠭᠡᠰᠡᠷ ᠦ᠋ᠨ ᠴᠠᠮ ᠲᠠᠢ ᠪᠠᠢᠵᠤ ᠪᠢᠯᠡ᠃ 
 * ᠮᠠᠨᠵᠤᠰᠢᠷᠢ ᠯᠠᠮᠠ ᠶ᠋ᠢᠨ ᠡᠨᠡ ᠦᠭᠡ ᠶ᠋ᠢ ᠲᠡᠭᠦᠨ ᠦ᠌ ᠠᠮᠠᠨ ᠠ᠋ᠴᠠ ᠰᠣᠨᠣᠰᠤᠭᠰᠠᠨ ᠬᠥᠮᠦᠨ ᠡᠴᠡ ᠡᠭᠦᠨ᠎ᠡ ᠲᠡᠮᠳᠡᠭᠯᠡᠪᠡ᠃  
 ** ᠣᠰᠲ᠋ᠤᠸ ᠭᠡᠵᠦ ᠪᠡᠯᠲ᠋ ᠦ᠋ᠨ ᠲᠠᠩᠭᠢᠰ ᠤ᠋ᠨ ᠥᠭᠡᠷ᠎ᠡ ᠨᠡᠷ᠎ᠡ᠃ ᠦᠩᠭᠧᠷᠡᠨ ᠪᠣᠯ ᠪᠡᠯᠲ᠋ ᠦ᠋ᠨ ᠬᠠᠪᠢ ᠶ᠋ᠢᠨ ᠭᠧᠷᠮᠠᠨ ᠪᠠᠷᠤᠨ ᠤ᠋ ᠤᠳᠤᠮ ᠤᠭᠰᠠᠭ᠎ᠠ ᠪᠥᠭᠡᠳ ᠲᠡᠭᠦᠨ ᠦ᠌ ᠳᠡᠭᠡᠳᠦ ᠡᠪᠦᠭᠡ — ᠳᠠᠯᠠᠢ ᠶ᠋ᠢᠨ ᠳᠡᠭᠡᠷᠡᠮᠴᠢᠳ᠂ ᠣᠷᠣᠰ ᠤ᠋ᠨ ᠬᠠᠭᠤᠴᠢᠨ ᠰᠤᠳᠤᠷ ᠲᠡᠦᠬᠡᠨ ᠳ᠋ᠦ᠍《ᠨᠣᠬᠠᠢ ᠷᠢᠴᠠᠷ》 ᠭᠡᠳᠡᠭ ᠵᠠᠭᠠᠯᠮᠠᠢᠲᠠᠨ ᠪᠢᠯᠡ᠃ 


        ᠦᠰᠦᠭ ᠠᠮᠢᠯᠠᠭᠤᠯᠤᠭᠴᠢ ᠄ ᠤᠢᠭᠤᠷᠵᠢᠨ· ᠣᠳᠬᠣᠨᠪᠠᠪᠠ᠂ ᠪᠠᠯ᠂ ᠰᠠᠷᠠᠨᠲᠤᠶᠠᠭ᠎ᠠ᠂ ᠴᠤᠯᠮᠤᠨᠭᠡᠷᠡᠯ᠂ 
                                    ᠰᠠᠷᠠᠨᠲᠤᠶᠠᠭ᠎ᠠ᠂ ᠣᠶᠤᠨᠪᠢᠯᠢᠭ᠌᠂ ᠮᠧᠢ ᠬᠤᠸᠠ᠂ ᠲᠠᠪᠤᠨ ᠤᠰᠤ
          ᠬᠢᠨᠠᠭᠴᠢ᠄ ᠣᠶᠤᠨᠪᠠᠲᠤ᠂ ᠴᠤᠯᠮᠤᠨᠭᠡᠷᠡᠯ᠂ ᠴᠡᠩᠬᠡᠯᠴᠡᠴᠡᠭ᠂ ᠪᠠᠳᠮᠠᠰᠡᠴᠡᠨ᠂ 
                           ᠣᠳᠬᠣᠨᠴᠡᠴᠡᠭ᠂ ᠮᠥᠩᠭᠥᠨᠭᠣᠸ᠎ᠠ᠂ ᠲ· ᠬᠦᠮᠦᠵᠢᠯᠲᠦ᠂ ᠪᠠᠯ 
          ᠤᠩᠰᠢᠭᠴᠢ᠄ ᠨᠠᠰᠤᠨ᠌ᠦ᠌ᠯᠵᠡᠢ