ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠬᠣᠷᠢ Үүрийн туяа II – Б ᠂ Ренчин Хоёрдугаар дэвтэр "Гал усны гашуун зовлон"-20
ᠬᠣᠷᠢ᠂ ᠰᠢᠦᠢ ᠵᠠᠩᠵᠤᠨ ᠤ᠋ ᠡᠴᠢᠭᠡ ᠶ᠋ᠢᠨ ᠵᠠᠰᠠᠭ
Say why is this?
wherefore what should we do?
Shakespeare, Hamlet *
1915 ᠣᠨ ᠤ᠋ ᠲᠠᠪᠤᠳᠤᠭᠠᠷ ᠰᠠᠷ᠎ᠠ ᠶ᠋ᠢᠨ ᠬᠣᠷᠢᠨ ᠲᠠᠪᠤᠨ ᠤ᠋ ᠡᠳᠦᠷ ᠬᠡᠯᠡᠯᠴᠡᠨ ᠲᠣᠭᠲᠠᠭᠰᠠᠨ ᠬᠢᠲᠠᠳ ᠣᠷᠣᠰ ᠮᠣᠩᠭᠣᠯ ᠭᠤᠷᠪᠠᠨ ᠤᠯᠤᠰ ᠦᠨ ᠭᠡᠷ᠎ᠡ ᠪᠢᠴᠢᠭ ᠦ᠋ᠨ ᠶᠣᠰᠣᠭᠠᠷ ᠮᠣᠩᠭᠣᠯ ᠤ᠋ᠨ ᠨᠡᠢᠰᠯᠡᠯ ᠬᠦᠷᠢᠶᠡᠨ᠎ᠡ ᠪᠡᠭᠡᠵᠢᠩ ᠦ᠋ᠨ ᠵᠠᠰᠠᠭ ᠤ᠋ᠨ ᠭᠠᠵᠠᠷ ᠠ᠋ᠴᠠ ᠰᠠᠭᠤᠬᠤ ᠬᠢᠲᠠᠳ ᠰᠠᠢᠳ ᠴᠧᠨ ᠢ ᠶ᠋ᠢᠨ ᠬᠠᠰᠢᠶᠠᠨ᠎ᠠ ᠪᠦᠭᠴᠢᠮ ᠬᠠᠯᠠᠭᠤᠨ ᠪᠥᠭᠡᠳ ᠭᠣᠷᠢᠮᠲᠠᠢ ᠪᠠᠢᠵᠠᠢ᠃ ᠠᠰᠠᠷᠲᠤ ᠬᠠᠭᠠᠯᠭᠠᠨ ᠤ᠋ ᠲᠤᠰᠢᠶ᠎ᠠ ᠬᠠᠰᠢᠶ᠎ᠠ ᠳᠣᠲᠣᠷ᠎ᠠ ᠪᠠᠢᠭ᠎ᠠ ᠬᠥᠬᠡ ᠲᠣᠭᠣᠰᠬᠠᠨ ᠬᠠᠯᠬᠠᠪᠴᠢ ᠶ᠋ᠢᠨ ᠡᠮᠦᠨ᠎ᠡ ᠮᠣᠳᠣᠨ ᠰᠠᠪᠠᠨᠠ ᠬᠤᠯᠤᠰᠤᠯᠢᠭ ᠤᠯᠠᠭᠠᠨ ᠴᠡᠭᠴᠡᠦᠬᠡᠢ᠂ ᠬᠣᠨᠢᠨ ᠤ᠋ ᠨᠢᠳᠦᠨ ᠴᠡᠴᠡᠭ ᠴᠡᠴᠡᠭᠯᠡᠵᠦ᠂ ᠴᠦᠵᠡᠭᠡᠷ ᠴᠦᠵᠡᠭᠡᠷ ᠠᠷᠰᠢ ᠶ᠋ᠢᠨ ᠨᠢᠳᠤᠷᠭ᠎ᠠ᠂ ᠤᠷᠲᠤ ᠤᠷᠲᠤ ᠥᠷᠭᠡᠰᠦ ᠪᠡᠨ ᠠᠷᠵᠠᠢᠵᠠᠢ᠃
ᠬᠠᠭᠠᠯᠭᠠᠨ ᠤ᠋ ᠠᠰᠠᠷ ᠳᠣᠣᠷ᠎ᠠ ᠰᠢᠪ ᠰᠢᠨᠡᠬᠡᠨ ᠠᠷᠢᠰᠠᠺᠠ ᠭᠡᠳᠡᠭ ᠶᠠᠫᠣᠨ ᠸᠢᠨᠲ᠋ᠣᠸ (ᠸᠢᠨᠲ᠋ᠣᠸ) ᠫᠣᠤᠲᠤ ᠬᠢᠲᠤᠭᠠᠨ ᠰᠡᠯᠡᠮ᠎ᠡ ᠡᠰᠢᠯᠡᠨ ᠵᠡᠭᠦᠵᠦ᠂ ᠰᠠᠷᠠᠪᠴᠢᠲᠠᠢ ᠮᠠᠯᠠᠭᠠᠢ ᠳ᠋ᠠᠭᠠᠨ(ᠳ᠋ᠤ᠌ ᠪᠠᠨ) ᠲᠠᠪᠤᠨ ᠥᠩᠭᠡ ᠶ᠋ᠢᠨ ᠲᠠᠪᠤᠨ ᠬᠣᠰᠢᠭᠤ ᠲᠠᠢ᠂ ᠴᠠᠮᠴᠠ ᠳ᠋ᠠᠭᠠᠨ(ᠳ᠋ᠤ᠌ ᠪᠠᠨ) ᠭᠢᠯᠠᠭᠠᠷ ᠰᠢᠷ᠎ᠠ ᠲᠣᠪᠴᠢ ᠲᠠᠢ ᠴᠢᠨᠳᠠᠷᠤᠨ ᠪᠣᠷᠣ ᠬᠤᠪᠴᠠᠰᠤ ᠲᠠᠢ ᠬᠣᠶᠠᠷ ᠬᠢᠲᠠᠳ ᠴᠡᠷᠢᠭ ᠮᠠᠨᠠᠭᠠᠨ ᠳ᠋ᠤ᠌ ᠵᠣᠭᠰᠣᠵᠠᠢ᠃
ᠰᠠᠢᠳ ᠴᠧᠨ ᠢ᠂ ᠬᠢᠯᠢᠩ ᠱᠠᠬᠠᠢ ᠲᠠᠢ᠂ ᠴᠠᠭᠠᠨ ᠳᠠᠪᠤᠤ ᠣᠢᠮᠣᠰᠤ ᠲᠠᠢ᠂ ᠪᠣᠷᠪᠢ ᠪᠠᠨ ᠬᠠᠷ᠎ᠠ ᠣᠷᠢᠶᠠᠯᠳᠤ (ᠣᠷᠢᠶᠠᠯᠲᠠ) ᠪᠠᠷ ᠣᠷᠢᠶᠠᠭᠰᠠᠨ᠂ ᠬᠠᠷ᠎ᠠ ᠲᠣᠷᠭᠠᠨ ᠳᠡᠪᠡᠯ ᠲᠡᠢ ᠨᠠᠰᠤᠲᠠᠢᠪᠲᠤᠷ ᠬᠥᠮᠦᠨ ᠪᠢᠴᠢᠭ ᠦ᠋ᠨ ᠪᠠᠢᠰᠢᠩ ᠳ᠋ᠤ᠌ ᠬᠠᠨᠵᠤᠨ ᠳᠡᠭᠡᠷ᠎ᠡ ᠰᠠᠭᠤᠭᠠᠳ᠂《ᠪᠠᠷᠠᠭᠤᠨ ᠳᠠᠯᠠᠢ ᠶ᠋ᠢᠨ ᠪᠠᠢᠯᠳᠤᠭᠠᠨ ᠳ᠋ᠤ᠌ ᠶᠠᠪᠤᠯᠴᠠᠬᠤ ᠴᠡᠷᠢᠭ》 ᠡᠴᠡ ᠭᠠᠷᠭᠠᠭᠰᠠᠨ ᠶᠡᠬᠡ ᠴᠡᠷᠢᠭ ᠢ᠋ ᠤᠳᠤᠷᠢᠳᠤᠨ ᠢᠷᠡᠭᠰᠡᠨ ᠰᠢᠦᠢ ᠱᠤ᠌ ᠵᠧᠩ ᠭᠧᠨᠧᠷᠠᠯ ᠢ᠋ ᠬᠠᠶᠠ ᠬᠠᠶᠠ ᠬᠠᠷᠠᠵᠤ ᠰᠠᠭᠤᠵᠤ ᠪᠠᠢᠯ᠎ᠠ᠃ ᠬᠢᠲᠠᠳ ᠰᠠᠢᠳ ᠴᠧᠨ ᠢ ᠶ᠋ᠢᠨ ᠴᠢᠷᠠᠢ ᠤᠯᠴᠠᠭᠠᠷ ᠰᠢᠷ᠎ᠠ᠂ ᠤᠷᠤᠭᠤᠯ ᠲᠠᠴᠢᠶᠠᠩᠭᠤᠢ ᠶ᠋ᠢᠨ ᠰᠢᠨᠵᠢ ᠪᠦᠷᠢᠳᠦᠭᠰᠡᠨ ᠵᠤᠵᠠᠭᠠᠯᠢᠭ᠂ ᠬᠠᠮᠠᠷ ᠥᠷᠭᠡᠨ᠂ ᠵᠤᠯᠠᠢ ᠳ᠋ᠠᠭᠠᠨ( ᠳ᠋ᠤ᠌ ᠪᠠᠨ) ᠬᠦᠷᠦᠭᠰᠡᠨ ᠭᠢᠯᠠᠭᠠᠷ ᠮᠠᠯᠵᠠᠩ(ᠮᠢᠯᠵᠠᠩ) ᠳᠤᠬᠤ ᠲᠠᠢ ᠪᠥᠭᠡᠳ ᠵᠢᠰᠦ ᠴᠢᠷᠠᠢ ᠳ᠋ᠤ᠌ ᠭᠤᠲᠤᠷᠠᠵᠤ ᠭᠤᠨᠢᠷᠠᠭᠰᠠᠨ ᠪᠠᠢᠳᠠᠯ ᠢᠯᠡᠷᠬᠡᠢ ᠠᠵᠢ᠃
ᠰᠠᠢᠳ ᠤ᠋ᠨ ᠵᠣᠴᠢᠨ ᠰᠢᠦᠢ ᠵᠠᠩᠵᠤᠨ᠂ ᠭᠧᠨᠧᠷᠠᠯ ᠬᠥᠮᠦᠨ ᠦ᠌ ᠪᠦᠷᠢᠨ ᠶᠣᠰᠣᠯᠠᠯ ᠤ᠋ᠨ ᠭᠣᠶᠣᠮᠰᠣᠭ ᠬᠤᠪᠴᠠᠰᠤ ᠲᠠᠢ᠂ ᠡᠩᠭᠡᠷ(ᠲᠦ᠍ ᠪᠡᠨ) ᠬᠠᠴᠢᠨ ᠲᠣᠮᠣ ᠣᠳᠣᠨ ᠵᠡᠭᠦᠭᠰᠡᠨ ᠨᠢ ᠴᠥᠴᠡᠭᠡᠨ(ᠴᠦᠴᠢᠬᠡᠨ) ᠫᠢᠯᠠ ᠬᠥᠮᠥᠷᠢᠭᠦᠯᠦᠨ ᠵᠡᠭᠦᠭᠰᠡᠨ ᠠᠳᠠᠯᠢ᠃ ᠬᠠᠨᠵᠤᠨ ᠳᠡᠭᠡᠷ᠎ᠡ ᠬᠡᠭᠵᠢᠭᠦᠨ(ᠬᠡᠭᠵᠡᠭᠦᠨ) ᠪᠠᠢᠳᠠᠯ ᠲᠠᠢ ᠴᠡᠭᠡᠵᠢ ᠲᠦᠷᠢᠨ ᠰᠠᠭᠤᠵᠤ ᠶᠠᠩᠵᠤᠤᠷ(ᠶᠠᠨᠵᠤᠤᠷ) ᠲᠠᠲᠠᠮᠤᠢ᠃ ᠨᠠᠢᠷᠰᠠᠭ ᠢ᠋ᠶ᠋ᠠᠷ ᠢᠨᠢᠶᠡᠮᠰᠦᠷᠡᠨ᠂ ᠭᠡᠷ ᠦ᠋ᠨ ᠡᠵᠡᠨ ᠢ᠋ ᠶᠡᠬᠡᠯ᠎ᠡ (ᠶᠡᠬᠡ ᠯᠡ)ᠬᠦᠨᠳᠦᠳᠬᠡᠭᠰᠡᠨ ᠪᠠᠢᠳᠠᠯ ᠲᠠᠢ ᠦᠭᠡ ᠥᠭᠦᠯᠡᠬᠦ ᠨᠢ᠂ ᠬᠠᠭᠠᠯᠭᠠᠨ ᠳ᠋ᠤ᠌ ᠴᠡᠷᠢᠭ ᠵᠣᠭᠰᠣᠭᠠᠨ ᠮᠠᠨᠠᠭᠤᠯᠵᠤ᠂ ᠭᠠᠳᠠᠭᠰᠢ ᠭᠠᠷᠬᠤ᠂ ᠪᠤᠰᠤᠳ ᠲᠠᠢ ᠬᠠᠷᠢᠯᠴᠠᠬᠤ ᠡᠷᠬᠡ ᠶ᠋ᠢ ᠬᠠᠰᠤᠵᠤ ᠭᠡᠷ ᠲᠦ᠍ ᠨᠢ ᠬᠣᠷᠢᠭᠰᠠᠨ ᠮᠥᠷᠲᠡᠭᠡᠨ ᠴᠧᠨ ᠢ ᠶ᠋ᠢ ᠲᠡᠭᠡᠵᠦ ᠥᠩᠭᠡᠨ ᠳ᠋ᠡᠭᠡᠨ(ᠳ᠋ᠦ᠍ ᠪᠡᠨ) ᠬᠦᠨᠳᠦᠳᠬᠡᠨ ᠶᠠᠷᠢᠬᠤ ᠦᠭᠡ ᠨᠢ᠂ ᠪᠢᠲᠡᠭᠦᠦ ᠪᠡᠷ ᠶᠡᠬᠡᠯ᠎ᠡ (ᠶᠡᠬᠡ ᠯᠡ) ᠶᠣᠵᠣᠯᠠᠭᠰᠠᠨ ᠰᠢᠨᠵᠢ ᠲᠡᠢ ᠥᠭᠦᠯᠡᠷᠦᠨ᠂
— ᠡᠷᠬᠢᠮ ᠴᠧᠨ ᠲᠠᠨ ᠤ᠋ ᠪᠡᠶ᠎ᠡ ᠬᠠᠷᠠᠬᠠᠨ ᠭᠡᠷ ᠡᠴᠡ ᠭᠠᠳᠠᠭᠰᠢ ᠭᠠᠷᠴᠤ ᠴᠢᠳᠠᠬᠤ ᠦᠭᠡᠢ ᠲᠤᠯᠠ ᠪᠢ ᠠᠷᠭ᠎ᠠ ᠪᠤᠶᠤ ᠲᠠᠨ ᠢ᠋ ᠪᠡᠭᠡᠵᠢᠩ ᠣᠷᠣᠬᠤ ᠶ᠋ᠢᠨ ᠡᠮᠦᠨ᠎ᠡ ᠠᠭᠤᠯᠵᠠᠨ᠂ ᠬᠡᠷᠡᠭ ᠵᠥᠪᠯᠡᠬᠦ ᠭᠡᠵᠦ ᠢᠷᠡᠯ᠎ᠡ᠃ ᠡᠨᠡ ᠵᠠᠪᠰᠠᠷ ᠪᠢ᠂ ᠬᠦᠷᠢᠶᠡᠨ ᠦ᠌ ᠭᠠᠵᠠᠷ ᠲᠠᠨ ᠤ᠋ ᠬᠣᠷᠢᠶᠠᠨ ᠴᠤᠭᠯᠠᠭᠤᠯᠤᠭᠰᠠᠨ ᠮᠡᠳᠡᠭᠡ ᠵᠦᠢᠯ ᠢ᠋ ᠰᠤᠳᠤᠯᠵᠤ᠂ ᠶᠡᠬᠡᠯ᠎ᠡ(ᠶᠡᠬᠡ ᠯᠡ) ᠲᠤᠰᠠᠲᠠᠢ ᠰᠣᠨᠢᠨ ᠰᠠᠢᠬᠠᠨ ᠶᠠᠭᠤᠮ᠎ᠠ ᠣᠯᠵᠤ ᠮᠡᠳᠡᠯ᠎ᠡ᠃ ᠬᠦᠷᠢᠶᠡᠨ ᠦ᠌ ᠡᠷᠬᠡ ᠪᠠᠷᠢᠭᠴᠢᠳ ᠤ᠋ᠨ ᠲᠤᠬᠠᠢ ᠲᠠᠨ ᠤ᠋ ᠮᠡᠳᠡᠭᠡ ᠬᠣᠷᠢᠶᠠᠨ ᠤᠯᠠᠮᠵᠢᠯᠠᠭᠰᠠᠨ ᠵᠦᠢᠯ ᠢ᠋ ᠦᠵᠡᠭᠡᠳ ᠪᠢ ᠲᠡᠰᠬᠡᠯ ᠦᠭᠡᠢ ᠪᠠᠬᠠᠳᠤᠪᠠ᠃ ᠠᠷᠤ ᠮᠣᠩᠭᠣᠯ ᠤ᠋ᠨ ᠲᠡᠷᠡ ᠨᠢᠳᠦᠨ ᠪᠠᠯᠠᠢ ᠬᠤᠲᠤᠭᠲᠤ᠂ ᠲᠡᠭᠦᠨ ᠦ᠌ ᠨᠣᠶᠠᠳ ᠰᠠᠢᠳ ᠤ᠋ᠨ ᠴᠢᠨᠠᠷ ᠪᠠᠢᠳᠠᠯ ᠢ᠋ ᠲᠠ ᠶᠠᠭᠤᠲᠠᠢ ᠬᠤᠷᠴᠠ ᠣᠨᠣᠪᠴᠢᠲᠠᠢ ᠦᠭᠡ ᠪᠡᠷ ᠦᠵᠡᠭᠦᠯᠪᠡ᠃ ᠲᠠ ᠦᠨᠡᠬᠡᠷ ᠮᠣᠩᠭᠣᠯ ᠨᠣᠶᠠᠳ ᠢ᠋ ᠨᠡᠪᠲᠡᠷᠬᠡᠢ ᠰᠠᠢᠨ ᠮᠡᠳᠡᠬᠦ ᠬᠥᠮᠦᠨ ᠠᠵᠢᠶᠠᠮ᠃ ᠲᠡᠷᠡ ᠰᠠᠬᠠᠯ ᠲᠠᠢ ᠬᠡᠦᠬᠡᠳ ᠢ᠋ ᠪᠣᠯᠱᠧᠸᠢᠭ ᠦ᠋ᠨ ᠠᠶᠤᠯ ᠠ᠋ᠴᠠ ᠬᠠᠮᠠᠭᠠᠯᠠᠵᠤ᠂ ᠮᠣᠩᠭᠣᠯ ᠸᠠᠩ ᠬᠦᠩ᠂ ᠬᠤᠲᠤᠭᠲᠤ ᠬᠤᠪᠢᠯᠭᠠᠳ ᠲᠤ᠌ ᠦᠨᠡᠬᠡᠷ ᠠᠴᠢᠯᠠᠯᠲᠠᠢ ᠡᠬᠡ ᠠᠳᠠᠯᠢ ᠠᠰᠠᠷᠠᠨ ᠬᠠᠷᠠᠵᠤ ᠪᠠᠢᠳᠠᠭ ᠭᠡᠵᠦ ᠲᠠᠨ ᠢ᠋ ᠪᠡᠭᠡᠵᠢᠩ ᠳ᠋ᠦ᠍ ᠬᠡᠯᠡᠯᠴᠡᠳᠡᠭ ᠨᠢ ᠠᠷᠭ᠎ᠠ ᠦᠭᠡᠢ ᠠᠵᠢ! ᠬᠡᠮᠡᠪᠡᠰᠦ᠂
— ᠪᠢ ᠭᠠᠭᠴᠠᠬᠦ(ᠭᠠᠭᠴᠠ ᠬᠦ᠌) ᠶᠡᠬᠡ ᠶᠡᠷᠦᠩᠬᠡᠢᠯᠡᠭᠴᠢ ᠶ᠋ᠢᠨ ᠲᠠᠭᠠᠯᠠᠯ ᠢ᠋ ᠳᠠᠭᠠᠵᠤ ᠭᠦᠢᠴᠡᠳᠬᠡᠵᠦ ᠪᠠᠢᠭᠰᠠᠨ ᠪᠢᠯᠡ᠂ ᠡᠷᠬᠢᠮ ᠵᠠᠩᠵᠤᠨ ᠢ᠋ ᠴᠦ᠍ ᠮᠥᠨ ᠲᠡᠭᠡᠬᠦ ᠪᠢᠵᠡ ᠭᠡᠵᠦ ᠢᠲᠡᠭᠡᠨ᠎ᠡ ᠭᠡᠮᠡᠨ ᠴᠧᠨ ᠢ ᠶ᠋ᠢᠨ ᠬᠠᠷᠢᠭᠤᠯᠬᠤ ᠳ᠋ᠤ᠌᠂ ᠰᠢᠦᠢ ᠵᠠᠩᠵᠤᠨ᠂ ᠴᠧᠨ ᠰᠠᠢᠳ ᠤ᠋ᠨ ᠲᠡᠷᠡ ᠬᠣᠣᠷᠲᠠᠢ ᠦᠭᠡ ᠶ᠋ᠢ ᠠᠩᠵᠠᠭᠠᠷᠠᠭᠰᠠᠨ ᠪᠠᠢᠳᠠᠯ ᠳᠦᠷᠢᠮ ᠦᠵᠡᠭᠦᠯᠵᠦ ᠥᠭᠦᠯᠡᠷᠦᠨ᠂
— ᠪᠠᠢᠳᠠᠯ ᠢ᠋ ᠬᠢᠨᠠᠪᠠᠰᠤ᠂ ᠡᠷᠬᠢᠮ ᠰᠠᠢᠳ ᠤ᠋ᠨ ᠪᠡᠶ᠎ᠡ᠂ ᠡᠨᠡ ᠲᠠᠰᠤᠷᠬᠠᠢ ᠬᠢᠵᠠᠭᠠᠷ ᠲᠤ᠌ ᠮᠠᠨᠠᠢ(ᠮᠠᠨ ᠤ᠋)ᠤᠯᠤᠰ ᠤ᠋ᠨ ᠵᠠᠰᠠᠭ ᠤ᠋ᠨ ᠣᠷᠳᠣᠨ ᠢ᠋ ᠲᠥᠯᠥᠭᠡᠯᠡᠨ ᠰᠠᠭᠤᠬᠤ ᠰᠠᠢᠳ ᠤ᠋ᠨ ᠬᠤᠪᠢ ᠳ᠋ᠤ᠌ ᠲᠤᠰ ᠤᠯᠤᠰ ᠤ᠋ᠨ ᠠᠰᠢᠭ ᠢ᠋ ᠡᠷᠬᠢᠮᠯᠡᠪᠡᠯ ᠵᠣᠬᠢᠬᠤ ᠠᠲᠠᠯ᠎ᠠ᠂ ᠠᠰᠠᠷᠠᠨ ᠬᠠᠷᠠᠭᠠᠯᠵᠠᠬᠤ ᠯᠠᠮᠠ ᠨᠣᠶᠠᠳ ᠶᠤᠭᠠᠨ ᠬᠠᠷᠢᠨ ᠤᠷᠢᠳᠠᠯ ᠪᠣᠯᠭᠠᠭᠰᠠᠨ ᠪᠣᠯᠪᠠᠤ (ᠪᠣᠯᠪᠠ ᠤᠤ) ᠬᠡᠮᠡᠷᠡ(ᠭᠡᠮᠡᠷ) ᠪᠠᠢᠨ᠎ᠠ ᠬᠡᠮᠡᠪᠡᠰᠦ ᠴᠧᠨ ᠵᠢᠪᠡᠭᠦᠦ ᠬᠦᠷᠦᠭᠰᠡᠨ ᠪᠠᠢᠳᠠᠯ ᠲᠠᠢ ᠬᠥᠳᠡᠯᠦᠰᠬᠢᠭᠡᠳ᠂ ᠶᠠᠩᠵᠤᠤᠷ(ᠶᠠᠨᠵᠤᠤᠷ) ᠠᠰᠠᠭᠠᠵᠤ᠂ ᠪᠡᠶ᠎ᠡ ᠪᠡᠨ ᠪᠠᠷᠢᠨ ᠥᠭᠦᠯᠡᠷᠦᠨ᠂
— ᠮᠢᠨᠦ ᠠᠯᠢᠪᠠ ᠰᠢᠳᠬᠡᠨ(ᠰᠢᠢᠳᠬᠡᠨ) ᠶᠠᠪᠤᠭᠤᠯᠤᠭᠰᠠᠨ ᠬᠡᠷᠡᠭ ᠶᠠᠪᠤᠳᠠᠯ ᠤ᠋ᠨ ᠪᠦᠷᠢᠨ ᠢᠯᠡᠳᠬᠡᠯ ᠢ᠋ ᠪᠢ ᠭᠠᠭᠴᠠᠬᠦ(ᠭᠠᠭᠴᠠ ᠬᠦ᠌) ᠪᠡᠭᠡᠵᠢᠩ ᠳ᠋ᠦ᠍ ᠵᠣᠬᠢᠬᠤ ᠭᠠᠵᠠᠷ ᠡᠷᠭᠦᠨ ᠲᠣᠯᠢᠯᠠᠭᠤᠯᠤᠮᠤᠢ᠃ ᠮᠢᠨᠦ ᠪᠣᠳᠣᠪᠠᠯ᠂ ᠲᠠ ᠪᠢᠳᠡ ᠬᠣᠶᠠᠷ᠂ ᠨᠢᠭᠡᠨ ᠵᠠᠰᠠᠭ ᠤ᠋ᠨ ᠭᠠᠵᠠᠷ ᠤ᠋ᠨ ᠲᠦᠰᠢᠮᠡᠯ ᠳᠠᠷᠤᠢ ᠮᠥᠨ ᠦ᠌ ᠳᠡᠭᠡᠷ᠎ᠡ ᠮᠢᠨᠦ ᠪᠡᠶ᠎ᠡ ᠡᠨᠳᠡ ᠬᠠᠷᠢᠶᠠᠲᠤ ᠵᠠᠰᠠᠭ ᠤ᠋ᠨ ᠭᠠᠵᠠᠷ ᠢ᠋ ᠲᠥᠯᠥᠭᠡᠯᠡᠨ ᠪᠠᠢᠭ᠎ᠠ ᠦᠶᠡᠰ᠂ ᠭᠠᠳᠠᠭᠠᠳᠤ ᠮᠣᠩᠭᠣᠯ ᠤ᠋ᠨ ᠬᠠᠭᠠᠨ᠂ ᠵᠠᠰᠠᠭ ᠤ᠋ᠨ ᠡᠷᠬᠡ ᠪᠠᠷᠢᠭᠴᠢᠳ ᠲᠠᠢ ᠨᠢᠭᠤᠴᠠ ᠬᠡᠯᠡᠯᠴᠡᠭᠡ ᠬᠢᠵᠦ᠂ ᠵᠢᠷᠠᠨ ᠳᠥᠷᠪᠡᠨ ᠵᠦᠢᠯ ᠭᠡᠷ᠎ᠡ ᠬᠡᠯᠡᠯᠴᠡᠭᠡᠷ ᠢ᠋ ᠦᠨᠳᠦᠰᠦ ᠪᠣᠯᠭᠠᠵᠤ᠂ ᠮᠣᠩᠭᠣᠯ ᠵᠠᠰᠠᠭ ᠤ᠋ᠨ ᠭᠠᠵᠠᠷ ᠤ᠋ᠨ ᠥᠪᠡᠷᠲᠡᠭᠡᠨ ᠵᠠᠰᠠᠬᠤ ᠡᠷᠬᠡ ᠶ᠋ᠢ ᠥᠪᠡᠷᠰᠡᠳ ᠢ᠋ᠶ᠋ᠡᠨ ᠬᠡᠷᠡᠭᠰᠡᠬᠦ ᠦᠭᠡᠢ ᠪᠣᠯᠭᠠᠬᠤ ᠶᠠᠪᠤᠳᠠᠯ ᠢ᠋ ᠪᠡᠯᠡᠳᠬᠡᠭᠰᠡᠨ ᠲᠤᠯᠠ᠂ ᠲᠡᠷᠡ ᠨᠢᠭᠡᠨᠲᠡ ᠬᠡᠯᠡᠯᠴᠡᠨ ᠲᠣᠭᠲᠠᠭᠰᠠᠨ ᠭᠡᠷ᠎ᠡ ᠪᠢᠴᠢᠭ ᠦ᠋ᠨ ᠵᠦᠢᠯ ᠦ᠋ᠨ ᠶᠣᠰᠣᠭᠠᠷ ᠲᠠ ᠪᠢᠳᠡ ᠬᠣᠶᠠᠷ᠂ ᠮᠣᠩᠭᠣᠯ ᠤ᠋ᠨ ᠬᠠᠭᠠᠨ᠂ ᠵᠠᠰᠠᠭ ᠨᠣᠶᠠᠳ ᠤ᠋ᠨ ᠡᠮᠦᠨ᠎ᠡ ᠪᠠᠰᠠ ᠪᠡᠶ᠎ᠡ ᠳ᠋ᠡᠭᠡᠨ (ᠳ᠋ᠦ᠍ ᠪᠡᠨ) ᠬᠦᠯᠢᠶᠡᠬᠦ ᠲᠣᠳᠣᠷᠬᠠᠢ ᠲᠣᠮᠣᠷᠤᠨ(ᠲᠣᠮᠣᠷᠠᠭᠤᠨ) ᠡᠭᠦᠷᠭᠡ ᠪᠣᠢ ᠭᠡᠵᠦ ᠦᠵᠡᠨ᠎ᠡ ᠭᠡᠪᠡᠯ᠂ ᠰᠢᠦᠢ ᠥᠭᠦᠯᠡᠷᠦᠨ᠂
— ᠬᠡᠷᠡᠭ ᠪᠠᠢᠳᠠᠯ ᠬᠠᠷᠠᠬᠠᠨ ᠲᠡᠢᠮᠦ ᠪᠢᠰᠢ ᠶ᠋ᠢ ᠲᠠᠨ ᠳ᠋ᠤ᠌ ᠢᠯᠡᠷᠬᠡᠢ ᠪᠣᠯᠭᠠᠬᠤ ᠶ᠋ᠢᠨ ᠤᠴᠢᠷ᠂ ᠪᠢ ᠲᠠᠨ ᠤ᠋ ᠬᠠᠰᠢᠶ᠎ᠠ ᠪᠠᠢᠰᠢᠩ ᠳ᠋ᠤ᠌ ᠬᠠᠷᠠᠭᠠᠯᠵᠠᠬᠤ ᠴᠡᠷᠢᠭ ᠮᠠᠨᠠᠭ᠎ᠠ ᠲᠠᠯᠪᠢᠵᠤ᠂argumentum Baculinum * ᠬᠡᠷᠡᠭᠯᠡᠭᠰᠡᠨ ᠪᠢᠯᠡ᠃
《ᠥᠪᠡᠷᠲᠡᠭᠡᠨ ᠵᠠᠰᠠᠬᠤ ᠭᠠᠳᠠᠭᠠᠳᠤ ᠮᠣᠩᠭᠣᠯ ᠭᠡᠭᠴᠢ ᠶ᠋ᠢ ᠬᠦᠯᠢᠶᠡᠨ ᠵᠥᠪᠰᠢᠶᠡᠷᠡᠬᠦ ᠨᠢ᠂ ᠳᠤᠮᠳᠠᠳᠤ ᠤᠯᠤᠰ ᠤ᠋ᠨ ᠵᠦᠭ ᠡᠴᠡ ᠭᠠᠭᠴᠠᠬᠦ (ᠭᠠᠭᠴᠠ ᠬᠦ᠌) ᠲᠦᠷ ᠬᠡᠷᠡᠭᠯᠡᠬᠦ ᠲᠥᠷᠥ ᠶ᠋ᠢᠨ ᠪᠣᠳᠣᠯᠭ᠎ᠠ ᠶ᠋ᠢᠨ ᠨᠠᠷᠢᠨ ᠠᠷᠭ᠎ᠠ ᠪᠢᠯᠡ》 ᠭᠡᠵᠦ ᠮᠠᠨᠠᠢ(ᠮᠠᠨ ᠤ᠋)ᠭᠠᠳᠠᠭᠠᠳᠤ ᠶᠠᠮᠤᠨ ᠤ᠋ ᠰᠠᠢᠳ ᠤ᠋ᠨ ᠵᠠᠷᠯᠠᠨ ᠬᠡᠯᠡᠭᠰᠡᠨ ᠢ᠋ ᠲᠠ ᠮᠠᠷᠲᠠᠵᠠᠢ᠃
ᠳᠣᠷᠣᠨ᠎ᠠ ᠵᠦᠭ ᠲᠦ᠍ ᠡᠪ ᠬᠠᠮᠲᠤ ᠶ᠋ᠢᠨ ᠰᠤᠷᠲᠠᠯ ᠨᠡᠪᠲᠡᠷᠡᠨ ᠳᠡᠯᠭᠡᠷᠡᠬᠦ ᠶᠠᠪᠤᠳᠠᠯ ᠢ᠋ ᠡᠰᠡᠷᠭᠦᠴᠡᠬᠦ ᠳ᠋ᠦ᠍᠂ ᠶᠠᠮᠠᠷ ᠴᠤ᠌ ᠠᠷᠭ᠎ᠠ ᠬᠡᠷᠡᠭᠯᠡᠬᠦ ᠨᠢ ᠪᠣᠯᠵᠣᠰᠢ ᠦᠭᠡᠢ ᠲᠤᠯᠠ ᠪᠢᠳᠡ ᠪᠡᠯᠡᠬᠡᠨ ᠪᠠᠢᠬᠤ ᠶ᠋ᠢᠨ ᠬᠠᠮᠲᠤᠳᠠ ᠴᠡᠷᠢᠭ ᠢ᠋ ᠣᠷᠣᠰ ᠤ᠋ᠨ ᠬᠢᠯᠢ ᠳ᠋ᠦ᠍ ᠲᠤᠯᠭᠠᠨ ᠲᠠᠪᠰᠢᠭᠤᠯᠬᠤ ᠨᠢ ᠴᠢᠬᠤᠯᠠ ᠪᠣᠯᠵᠠᠢ᠃ ᠬᠠᠭᠠᠨᠲᠤ ᠣᠷᠣᠰ ᠤᠯᠤᠰ ᠠ᠋ᠴᠠ ᠭᠠᠳᠠᠭᠠᠳᠤ ᠮᠣᠩᠭᠣᠯ ᠳ᠋ᠤ᠌ ᠲᠠᠪᠤᠨ ᠰᠠᠶ᠎ᠠ ᠲᠥᠭᠥᠷᠢᠭ ᠵᠢᠭᠡᠯᠡᠳᠡᠨ ᠦᠭᠭᠦᠭᠰᠡᠨ ᠢ᠋ ᠵᠥᠪᠯᠡᠯᠲᠦ ᠵᠠᠰᠠᠭ ᠤ᠋ᠨ ᠭᠠᠵᠠᠷ ᠨᠡᠬᠡᠵᠦ ᠲᠥᠯᠥᠭᠦᠯᠬᠦ ᠶᠠᠪᠤᠳᠠᠯ ᠢ᠋ ᠬᠡᠷᠡᠭᠰᠡᠬᠦ ᠦᠭᠡᠢ ᠭᠡᠵᠦ ᠵᠠᠷᠯᠠᠭᠰᠠᠨ᠂ ᠪᠠᠰᠠ ᠶᠠᠫᠣᠨ ᠳᠤᠮᠳᠠᠳᠤ ᠤᠯᠤᠰ ᠬᠣᠶᠠᠷ ᠤᠯᠤᠰ ᠲᠠᠢ ᠬᠠᠭᠠᠨᠲᠤ ᠣᠷᠣᠰ ᠤᠯᠤᠰ ᠤ᠋ᠨ ᠪᠠᠢᠭᠤᠯᠤᠭᠰᠠᠨ ᠨᠢᠭᠤᠴᠠ ᠭᠡᠷ᠎ᠡ ᠪᠢᠴᠢᠭ ᠢ᠋ ᠴᠥᠮ ᠬᠦᠴᠦᠨ ᠦᠭᠡᠢ ᠪᠣᠯᠭᠠᠨ ᠵᠠᠷᠯᠠᠵᠤ᠂ ᠵᠥᠪᠯᠡᠯᠲᠦ ᠵᠠᠰᠠᠭ ᠤ᠋ᠨ ᠭᠠᠵᠠᠷ ᠠ᠋ᠴᠠ ᠮᠣᠩᠭᠣᠯ ᠤᠯᠤᠰ ᠢ᠋ ᠪᠡᠭᠡᠵᠢᠩ ᠫᠧᠲ᠋ᠧᠷᠭ᠌ᠷᠡᠳ᠋ ᠬᠣᠶᠠᠷ ᠢ᠋ᠶ᠋ᠠᠷ ᠬᠢᠨᠠᠭᠤᠯᠬᠤ ᠦᠭᠡᠢ᠂ ᠪᠤᠰᠤᠳ ᠣᠯᠠᠨ ᠤᠯᠤᠰ ᠲᠠᠢ ᠬᠠᠷᠢᠯᠴᠠᠬᠤ ᠪᠦᠷᠢᠨ ᠡᠷᠬᠡ ᠪᠦᠬᠦᠢ ᠤᠯᠤᠰ ᠭᠡᠵᠦ ᠦᠵᠡᠬᠦ ᠶᠠᠪᠤᠳᠠᠯ ᠢ᠋ ᠮᠣᠩᠭᠣᠯ ᠤᠯᠤᠰ ᠲᠤ᠌ ᠲᠤᠩᠬᠠᠭᠯᠠᠭᠰᠠᠨ ᠨᠢ ᠪᠢᠳᠡᠨ ᠳ᠋ᠦ᠍ ᠦᠯᠡᠮᠵᠢᠬᠡᠨ ᠲᠦᠪᠡᠭ ᠴᠢᠷᠦᠭᠳᠡᠯ ᠤᠴᠠᠷᠠᠭᠤᠯᠬᠤ ᠡᠪ ᠬᠠᠮᠲᠤ ᠶ᠋ᠢᠨ ᠰᠤᠷᠲᠠᠯ ᠪᠣᠯᠠᠢ᠃ ᠲᠠᠨ ᠤ᠋ ᠪᠥᠮᠪᠥᠢᠯᠡᠨ ᠪᠠᠢᠭ᠎ᠠ ᠮᠣᠩᠭᠣᠯ ᠨᠣᠶᠠᠳ ᠴᠤ᠌ ᠲᠡᠷᠡ ᠪᠦᠬᠦ ᠵᠦᠢᠯ ᠢ᠋ ᠠᠷᠠᠳ ᠣᠯᠠᠨ ᠮᠡᠳᠡᠪᠡᠯ ᠤᠯᠠᠭᠠᠨᠲᠠᠨ ᠳ᠋ᠤ᠌ ᠡᠯᠢᠭᠡ ᠲᠡᠢ ᠪᠣᠯᠣᠭᠣᠵᠢᠨ ᠭᠡᠵᠦ ᠲᠠᠰᠤ ᠳᠠᠷᠤᠨ ᠨᠢᠭᠤᠬᠤ ᠨᠢ ᠵᠦᠢᠲᠡᠢ ᠭᠡᠵᠦ ᠦᠵᠡᠵᠡᠢ᠃ ᠭᠡᠪᠡᠴᠦ ᠲᠡᠷᠡ ᠲᠤᠩᠬᠠᠭ ᠤ᠋ᠨ ᠵᠦᠢᠯ ᠡᠷᠲᠡ ᠣᠷᠣᠢ ᠨᠢᠭᠡᠨ ᠴᠠᠭ ᠲᠤ᠌ ᠡᠷᠬᠡᠪᠰᠢ ᠵᠠᠳᠠᠷᠠᠬᠤ ᠳ᠋ᠤ᠌ ᠬᠦᠷᠦᠨ᠎ᠡ᠃ ᠰᠢᠪᠦᠭᠡ ᠶ᠋ᠢ ᠤᠭᠤᠲᠠᠨ ᠳ᠋ᠤ᠌ ᠶᠠᠭᠠᠬᠢᠨ ᠨᠢᠭᠤᠵᠤ ᠪᠣᠯᠬᠤ ᠠᠵᠢ᠃ ᠡᠭᠦᠨ ᠳ᠋ᠦ᠍᠂ ᠲᠠ ᠵᠦᠢ ᠨᠢ ᠤᠯᠠᠭᠠᠨᠲᠠᠨ ᠤ᠋ ᠨᠡᠷ᠎ᠡ ᠶ᠋ᠢ ᠰᠣᠨᠣᠰᠤᠮᠠᠭᠴᠠ᠂ ᠮᠣᠩᠭᠣᠯᠴᠤᠳ ᠤ᠋ᠨ ᠭᠡᠵᠢᠭᠡ ᠰᠡᠬᠦᠢᠨ ᠪᠣᠰᠬᠤ ᠪᠠᠷ ᠪᠣᠯᠭᠠᠵᠤ ᠵᠢᠭᠰᠢᠭᠦᠯᠬᠦ ᠶᠣᠰᠣᠲᠠᠢ ᠪᠢᠯᠡ᠃ ᠮᠢᠨᠦ ᠪᠣᠳᠣᠬᠤ ᠳ᠋ᠤ᠌ ᠲᠠ ᠮᠣᠩᠭᠣᠯᠴᠤᠳ ᠤ᠋ᠨ ᠰᠡᠳᠬᠢᠯ ᠢ᠋ ᠡᠨᠡ ᠲᠠᠯ᠎ᠠ ᠪᠠᠷ ᠲᠡᠳᠦᠢ ᠯᠡ ᠡᠵᠡᠯᠡᠵᠦ ᠴᠢᠳᠠᠭᠠᠳᠤᠢ ᠪᠠᠢᠨ᠎ᠠ᠃
ᠲᠠᠨ ᠤ᠋ ᠲᠡᠷᠡ ᠮᠣᠩᠭᠣᠯ ᠨᠣᠶᠠᠨ᠂ ᠨᠢᠭᠡ ᠪᠣᠯ ᠪᠢᠳᠡᠨ ᠢ᠋ ᠳᠠᠭᠠᠬᠤ᠂ ᠨᠢᠭᠡ ᠪᠣᠯ ᠪᠣᠯᠱᠧᠸᠢᠭ ᠢ᠋ ᠳᠠᠭᠠᠬᠤ ᠡᠨᠡ ᠬᠣᠶᠠᠷ ᠠ᠋ᠴᠠ ᠥᠭᠡᠷ᠎ᠡ ᠵᠠᠮ ᠦᠭᠡᠢ᠃ ᠮᠣᠩᠭᠣᠯ ᠨᠣᠶᠠᠳ ᠨᠢᠭᠡ ᠪᠥᠭᠡᠰᠦ᠂ ᠮᠠᠨᠠᠢ(ᠮᠠᠨ ᠤ᠋) ᠲᠠᠯ᠎ᠠ ᠳ᠋ᠤ᠌ ᠣᠷᠣᠭᠠᠳ᠂ ᠪᠢᠳᠡᠨ ᠢ᠋ ᠦᠭᠡ ᠥᠴᠢᠭ ᠦᠭᠡᠢ ᠳᠠᠭᠠᠵᠤ ᠵᠠᠬᠢᠷᠤᠭᠳᠠᠪᠠᠯ᠂ ᠵᠡᠷᠭᠡ ᠬᠡᠷᠬᠢᠮ ᠴᠠᠯᠢᠩ᠂ ᠹᠦᠩᠯᠦ ᠡᠳ᠋ ᠠᠰᠢᠭ ᠢ᠋ ᠭᠣᠷᠢᠳᠠᠵᠤ ᠪᠣᠯᠤᠨ᠎ᠠ᠃ ᠨᠢᠭᠡ ᠪᠥᠭᠡᠰᠦ ᠲᠡᠳᠡᠨ ᠦ᠌ ᠠᠯᠪᠠᠲᠤ ᠬᠠᠮᠵᠢᠯᠭ᠎ᠠ ᠶ᠋ᠢᠨ ᠭᠠᠷ ᠢ᠋ᠶ᠋ᠠᠷ ᠲᠡᠳᠡᠨ ᠦ᠌ ᠭᠡᠵᠢᠭᠡ ᠶ᠋ᠢ ᠲᠣᠯᠣᠭᠠᠢ ᠶ᠋ᠢᠨ ᠬᠠᠮᠲᠤ ᠣᠭᠲᠣᠯᠬᠤ ᠪᠣᠯᠱᠧᠸᠢᠭ ᠦ᠋ᠨ ᠲᠠᠯ᠎ᠠ ᠳ᠋ᠤ᠌ ᠣᠷᠣᠬᠤ ᠶᠣᠰᠣᠲᠠᠢ ᠪᠣᠯᠵᠠᠢ᠃ ᠤᠯᠤᠰ ᠲᠥᠷᠥ ᠭᠡᠵᠦ ᠲᠣᠭᠯᠠᠵᠤ ᠪᠠᠢᠭ᠎ᠠ ᠲᠡᠷᠡ ᠰᠠᠬᠠᠯ ᠲᠠᠢ ᠬᠡᠦᠬᠡᠳ ᠲᠦ᠍ ᠥᠭᠡᠷ᠎ᠡ ᠭᠤᠷᠪᠠᠳᠤᠭᠠᠷ ᠵᠠᠮ ᠠᠯᠠᠭ᠎ᠠ᠃
ᠴᠠᠭ ᠲᠥᠷᠥ ᠶ᠋ᠢᠨ ᠪᠠᠢᠳᠠᠯ ᠢ᠋ ᠪᠣᠳᠣᠪᠠᠯ᠂ ᠮᠣᠩᠭᠣᠯ ᠬᠠᠭᠠᠳ ᠨᠣᠶᠠᠳ ᠢ᠋ ᠪᠥᠮᠪᠥᠢᠯᠡᠵᠦ᠂ ᠪᠢ ᠲᠠ ᠨᠠᠷ ᠤ᠋ᠨ ᠡᠮᠦᠨ᠎ᠡ ᠡᠢᠮᠦ ᠲᠡᠢᠮᠦ ᠡᠭᠦᠷᠭᠡ ᠬᠦᠯᠢᠶᠡᠭᠰᠡᠨ ᠭᠡᠵᠦ ᠭᠠᠷ ᠬᠥᠯ ᠢ᠋ᠶ᠋ᠡᠨ ᠳᠣᠬᠢᠵᠤ ᠴᠢᠳᠠᠬᠤ ᠦᠭᠡᠢ᠃ ᠶᠠᠮᠠᠷ ᠴᠤ᠌ ᠡᠭᠦᠷᠭᠡ ᠪᠢ ᠬᠦᠯᠢᠶᠡᠬᠦ ᠦᠭᠡᠢ᠃ ᠮᠢᠨᠦ ᠭᠠᠷ ᠪᠦᠷᠢᠨ ᠴᠢᠯᠥᠭᠡ ᠲᠡᠢ ᠪᠠᠢᠪᠠᠯ ᠵᠣᠬᠢᠨ᠎ᠠ᠃ ᠡᠭᠦᠨ ᠳ᠋ᠦ᠍ ᠲᠠᠨ ᠤ᠋ ᠪᠡᠶ᠎ᠡ ᠶ᠋ᠢ ᠭᠡᠷ ᠦ᠋ᠨ ᠭᠠᠵᠠᠷ ᠬᠣᠷᠢᠭᠰᠠᠨ ᠰᠤᠷᠠᠭ ᠨᠣᠶᠠᠳ ᠤ᠋ᠨ ᠴᠢᠬᠢᠨ ᠳ᠋ᠦ᠍ ᠬᠦᠷᠴᠦ᠂ ᠪᠠᠰᠠ ᠲᠡᠷᠡ ᠭᠣᠣᠯ ᠤ᠋ᠨ ᠰᠣᠬᠣᠷ ᠲᠤ᠌ ᠮᠢᠨᠦ ᠰᠤᠷᠭᠠᠨ ᠤᠬᠠᠭᠤᠯᠬᠤ ᠵᠦᠢᠯ᠂ ᠨᠣᠶᠠᠳ ᠤ᠋ᠨ ᠰᠦᠪᠡ ᠶ᠋ᠢ ᠨᠡᠭᠡᠭᠡᠭᠳᠡᠭᠦᠯᠵᠦ᠂ ᠨᠠᠳᠠᠲᠢ(ᠨᠠᠳᠠ ᠲᠠᠢ)ᠶᠠᠮᠠᠷ ᠪᠠᠢᠳᠠᠯ ᠢ᠋ᠶ᠋ᠠᠷ ᠬᠠᠷᠢᠯᠴᠠᠪᠠᠯ ᠵᠣᠬᠢᠬᠤ ᠶ᠋ᠢ ᠮᠡᠳᠡᠬᠦ ᠳ᠋ᠦ᠍ᠨᠢ(ᠳ᠋ᠦ᠍ ᠨᠢ) ᠳᠥᠭᠥᠮ ᠪᠣᠯᠬᠤ ᠪᠣᠢ᠃
ᠡᠳᠦᠭᠡ ᠲᠠᠨ ᠤ᠋ ᠪᠡᠶ᠎ᠡ ᠶ᠋ᠢ ᠮᠣᠩᠭᠣᠯ ᠭᠠᠵᠠᠷ ᠰᠢᠢᠳᠬᠡᠨ ᠶᠠᠪᠤᠭᠤᠯᠬᠤ ᠬᠡᠷᠡᠭ ᠵᠦᠢᠯ ᠢ᠋ ᠳᠠᠭᠤᠰᠤᠭᠰᠠᠨ ᠭᠡᠵᠦ ᠦᠵᠡᠬᠦ ᠲᠤᠯᠠ᠂ ᠪᠢ ᠣᠢᠷ᠎ᠠ ᠶ᠋ᠢᠨ ᠬᠡᠳᠦᠨ ᠬᠣᠨᠣᠭ ᠳᠣᠲᠣᠷ᠎ᠠ ᠪᠡᠭᠡᠵᠢᠩ ᠣᠷᠣᠬᠤ ᠳ᠋ᠠᠭᠠᠨ(ᠳ᠋ᠤ᠌ ᠪᠠᠨ) ᠲᠠᠨ ᠢ᠋ ᠬᠠᠮᠲᠤ ᠠᠪᠴᠤ ᠶᠠᠪᠤᠨ᠎ᠠ᠃ ᠲᠠ ᠡᠭᠦᠨ ᠢ᠋ ᠪᠣᠳᠣᠵᠤ᠂ ᠶᠠᠪᠤᠬᠤ ᠳ᠋ᠤ᠌ ᠪᠡᠯᠡᠳᠬᠡᠵᠦ ᠪᠠᠢᠭᠲᠤᠨ᠃ ᠡᠷᠬᠢᠮ ᠬᠥᠮᠦᠨ ᠲᠡᠢ ᠠᠭᠤᠯᠵᠠᠬᠤ ᠪᠠᠷ ᠬᠡᠯᠡ ᠮᠡᠳᠡᠭᠡ ᠦᠭᠡᠢ ᠭᠡᠨᠡᠳᠲᠡ ᠣᠷᠣᠵᠤ ᠢᠷᠡᠭᠰᠡᠨ ᠳ᠋ᠡᠭᠡᠨ(ᠳ᠋ᠦ᠍ ᠪᠡᠨ) ᠬᠦᠯᠢᠴᠡᠯ ᠥᠴᠢᠶ᠎ᠡ ᠭᠡᠳ ᠰᠢᠦᠢ ᠵᠠᠩᠵᠤᠨ ᠬᠠᠨᠵᠤᠨ ᠳᠡᠭᠡᠷ᠎ᠡ ᠡᠴᠡ ᠪᠣᠰᠴᠤ ᠣᠳᠪᠠ᠃
ᠲᠡᠷᠡ ᠭᠧᠨᠧᠷᠠᠯ ᠢ᠋ ᠡᠭᠦᠳᠡ ᠬᠦᠷᠲᠡᠯ᠎ᠡ ᠦᠳᠡᠵᠦ ᠭᠠᠷᠭᠠᠭᠠᠳ᠂ ᠴᠧᠨ ᠢ ᠭᠡᠷ ᠲᠡᠭᠡᠨ(ᠳ᠋ᠦ᠍ ᠪᠡᠨ) ᠣᠷᠣᠵᠤ ᠪᠣᠳᠣᠯᠭ᠎ᠠ ᠪᠣᠯᠪᠠ᠃ ᠪᠠᠭ᠎ᠠ ᠵᠠᠯᠠᠭᠤ ᠨᠠᠰᠤ ᠠ᠋ᠴᠠ《ᠥᠩᠭᠡ ᠳᠡᠷᠡᠰᠦᠨ》 ᠳ᠋ᠦ᠍ ᠰᠢᠩᠭᠡᠭᠰᠡᠨ᠂ ᠡᠷᠳᠡᠮ ᠦᠭᠡᠢ ᠮᠤᠩᠬᠠᠭ ᠬᠠᠭᠠᠨ᠂ ᠨᠡᠷ᠎ᠡ ᠠᠰᠢᠭ ᠲᠤ᠌ ᠰᠢᠨᠤᠭ ᠲᠡᠭᠦᠨ ᠦ᠌ ᠰᠢᠳᠠᠷ ᠯᠠᠮᠠ ᠨᠣᠶᠠᠳ ᠤ᠋ᠨ ᠵᠠᠩ ᠢ᠋ ᠨᠢ ᠠᠨᠳᠤᠳᠠᠭ(ᠠᠨᠳᠠᠳᠠᠭ) ᠦᠭᠡᠢ ᠨᠡᠪᠲᠡᠷᠬᠡᠢ ᠮᠡᠳᠡᠳᠡᠭ᠂ ᠡᠯᠳᠡᠪ ᠢ᠋ ᠥᠩᠭᠡᠷᠡᠭᠦᠯᠵᠦ ᠦᠵᠡᠭᠰᠡᠨ ᠬᠥᠭᠰᠢᠨ ᠵᠠᠯᠢᠬᠠᠢ ᠲᠦᠰᠢᠮᠡᠯ ᠴᠧᠨ᠂ ᠬᠦᠷᠢᠶᠡᠨ ᠦ᠌ ᠵᠠᠰᠠᠭ ᠤ᠋ᠨ ᠡᠷᠬᠡ ᠪᠠᠷᠢᠭᠴᠢᠳ ᠢ᠋ ᠠᠶᠠᠷᠬᠠᠨ ᠢ᠋ᠶ᠋ᠠᠷ ᠳᠠᠰᠤᠭᠠᠨ ᠭᠠᠷ ᠲᠠᠭᠠᠨ(ᠳ᠋ᠤ᠌ ᠪᠠᠨ) ᠣᠷᠣᠭᠤᠯᠵᠤ ᠪᠠᠢᠭᠰᠠᠨ ᠪᠢᠯᠡ᠃ ᠵᠥᠪᠯᠡᠯᠲᠦ ᠵᠠᠰᠠᠭ ᠢ᠋ ᠳᠠᠭᠠᠬᠤ ᠦᠭᠡᠢ ᠭᠡᠰᠡᠨ ᠬᠠᠭᠤᠴᠢᠨ ᠡᠵᠡᠷᠬᠡᠭ ᠦᠶ᠎ᠡ ᠶ᠋ᠢᠨ ᠣᠷᠣᠰ ᠺᠣᠨ᠋ᠰᠣᠯ(ᠺᠣᠨᠰᠦ᠋ᠯ) ᠣᠷᠯᠣᠸ᠂ ᠴᠧᠨ ᠢ ᠶ᠋ᠢᠨ ᠨᠣᠮᠣᠬᠠᠨ ᠪᠣᠭᠣᠯ ᠵᠠᠷᠤᠳᠠᠰᠤ ᠪᠣᠯᠵᠤ ᠪᠣᠭᠳᠠ ᠬᠠᠭᠠᠨ᠂ ᠲᠡᠭᠦᠨ ᠦ᠌ ᠵᠠᠰᠠᠭ ᠤ᠋ᠨ ᠨᠣᠶᠠᠳ᠂ ᠰᠠᠢᠳ ᠤ᠋ᠨ ᠡᠮᠦᠨ᠎ᠡ ᠴᠧᠨ ᠢ ᠶ᠋ᠢᠨ ᠨᠡᠷ᠎ᠡ ᠠᠯᠳᠠᠷ ᠢ᠋ ᠮᠠᠨᠳᠤᠭᠤᠯᠵᠤ ᠰᠦᠷ ᠪᠠᠳᠠᠷᠠᠭᠤᠯᠬᠤ ᠳ᠋ᠤ᠌ ᠶᠡᠬᠡ ᠲᠤᠰᠠ ᠪᠣᠯᠤᠭᠰᠠᠨ ᠪᠢᠯᠡ᠃ ᠬᠢᠲᠠᠳ ᠰᠠᠢᠳ ᠤ᠋ᠨ ᠰᠣᠨᠢᠷᠬᠠᠬᠤ ᠠᠯᠢᠪᠠ ᠭᠠᠳᠠᠭᠠᠳᠤ ᠳᠣᠲᠣᠭᠠᠳᠤ ᠳ᠋ᠤ᠌ ᠶᠠᠪᠤᠭᠤᠯᠬᠤ ᠪᠣᠳᠣᠯᠭ᠎ᠠ ᠶ᠋ᠢᠨ ᠪᠦᠬᠦ ᠠᠰᠠᠭᠤᠳᠠᠯ ᠳ᠋ᠤ᠌ ᠪᠣᠭᠳᠠ ᠬᠠᠭᠠᠨ ᠠᠯᠢ ᠬᠡᠳᠦᠢᠨ ᠴᠧᠨ ᠰᠠᠢᠳ ᠤ᠋ᠨ ᠠᠮᠠ ᠪᠠᠷ ᠪᠤᠳᠠᠭ᠎ᠠ ᠢᠳᠡᠬᠦ ᠪᠣᠯᠤᠭᠰᠠᠨ ᠪᠠᠢᠵᠠᠢ᠃ ᠪᠣᠭᠳᠠ ᠬᠠᠭᠠᠨ᠂ ᠬᠦᠷᠢᠶᠡᠨ ᠦ᠌ ᠵᠠᠰᠠᠭ ᠤ᠋ᠨ ᠭᠠᠵᠠᠷ ᠢ᠋ ᠥᠪᠡᠷᠲᠡᠭᠡᠨ ᠵᠠᠰᠠᠬᠤ ᠡᠷᠬᠡ ᠪᠡᠨ《ᠰᠠᠢᠨ ᠳᠤᠷ᠎ᠠ ᠪᠠᠷ》 ᠤᠰᠠᠳᠬᠠᠨ ᠳᠤᠮᠳᠠᠳᠤ ᠢᠷᠭᠡᠨ ᠤᠯᠤᠰ ᠢ᠋ ᠳᠠᠭᠠᠬᠤ ᠰᠠᠨᠠᠯ ᠢ᠋ ᠢᠯᠡᠷᠬᠡᠢᠯᠡᠬᠦ ᠡᠯ᠎ᠡ ᠶᠠᠪᠤᠳᠠᠯ ᠢ᠋ ᠠᠭᠠᠵᠢᠮ ᠢ᠋ᠶ᠋ᠠᠷ ᠳᠠᠰᠤᠭᠠᠨ ᠪᠡᠯᠡᠳᠬᠡᠵᠦ ᠶᠡᠬᠡ ᠭᠠᠪᠢᠶ᠎ᠠ ᠪᠠᠢᠭᠤᠯᠬᠤ ᠭᠡᠵᠦ ᠪᠠᠢᠭᠰᠠᠨ ᠴᠧᠨ ᠰᠠᠢᠳ ᠤ᠋ᠨ ᠡᠭᠦᠳᠡᠨ ᠡᠴᠡ ᠨᠡᠯᠢᠶᠡᠳ ᠣᠯᠠᠨ ᠨᠣᠶᠠᠳ ᠲᠦᠰᠢᠮᠡᠳ ᠢᠳᠡᠰᠢ ᠢᠳᠡᠵᠦ᠂ ᠲᠡᠭᠦᠨ ᠦ᠌ ᠵᠠᠬᠢᠶ᠎ᠠ ᠶ᠋ᠢ ᠳᠠᠭᠠᠵᠤ ᠭᠦᠢᠴᠡᠳᠬᠡᠬᠦ ᠵᠠᠷᠤᠳᠠᠰᠤ ᠪᠣᠯᠤᠭᠰᠠᠨ ᠪᠢᠯᠡ᠃ ᠲᠡᠢᠨ ᠬᠦ᠌ ᠶᠡᠬᠡ ᠬᠡᠷᠡᠭ ᠲᠡᠭᠦᠰᠬᠦ ᠰᠢᠬᠠᠮᠳᠠᠲᠠᠯᠠ᠂ ᠭᠡᠨᠡᠳᠲᠡ ᠡᠨᠡ ᠭᠠᠢᠲᠠᠢ ᠰᠢᠦᠢ ᠢᠷᠡᠵᠦ᠂ ᠥᠴᠢᠨᠡᠨ(ᠡᠴᠢᠨᠡᠭᠡᠨ) ᠬᠦᠴᠦᠨ ᠰᠦᠢᠳᠬᠡᠭᠰᠡᠨ ᠦ᠌ ᠠᠰᠢᠭ ᠭᠠᠪᠢᠶ᠎ᠠ ᠶ᠋ᠢ ᠪᠤᠯᠢᠶᠠᠨ᠂ ᠬᠥᠮᠦᠨ ᠦ᠌ ᠵᠢᠳᠬᠦᠯ ᠢ᠋ ᠲᠠᠯᠠᠭᠠᠷ ᠪᠣᠯᠭᠠᠵᠠᠢ᠃ ᠦᠭᠡᠢ᠂ ᠪᠡᠭᠡᠵᠢᠩ ᠣᠷᠣᠪᠠᠯ ᠴᠧᠨ ᠡᠪᠦᠭᠡ ᠶ᠋ᠢᠨ ᠠᠭᠤᠷ ᠬᠦᠷᠪᠡᠯ ᠶᠠᠭᠤ ᠪᠣᠯᠳᠠᠭ ᠢ᠋ ᠲᠡᠷᠡ ᠰᠢᠦᠢ ᠳ᠋ᠦ᠍ ᠦᠵᠡᠭᠦᠯᠦᠨ ᠴᠡᠭᠡᠷᠯᠡᠭᠦᠯᠦᠨ᠎ᠡ᠃ ᠪᠡᠶ᠎ᠡ ᠶ᠋ᠢ ᠮᠣᠩᠭᠣᠯᠴᠤᠳ ᠤ᠋ᠨ ᠡᠴᠢᠭᠡ ᠭᠡᠬᠦ ᠨᠢ ᠠ᠋᠂ ᠲᠡᠷᠡ ᠠᠮᠢᠲᠠᠨ᠃ ᠴᠢᠨᠦ ᠲᠡᠷᠡ ᠰᠦᠷᠡᠬᠡᠢ ᠡᠴᠢᠭᠡ ᠶ᠋ᠢᠨ ᠵᠠᠰᠠᠭ ᠠ᠋ᠴᠠ ᠴᠣᠬᠣᠮ ᠶᠠᠭᠤ ᠪᠣᠯᠬᠤ ᠶ᠋ᠢ ᠦᠵᠡᠨ᠎ᠡ ᠳᠡ! ᠭᠡᠵᠦ ᠴᠧᠨ ᠶᠡᠬᠡᠯ᠎ᠡ (ᠶᠡᠬᠡ ᠯᠡ) ᠬᠣᠷᠣᠰᠤᠨ ᠪᠣᠳᠣᠵᠠᠢ᠃
* * *
ᠬᠦᠷᠢᠶᠡᠨ ᠳ᠋ᠦ᠍ ᠵᠦᠢᠯ ᠵᠦᠢᠯ ᠦ᠋ᠨ ᠰᠡᠵᠢᠭ ᠳᠠᠭᠠᠪᠤᠷᠢ ᠦᠭᠡ ᠳᠡᠷᠡᠨ ᠲᠦᠭᠡᠵᠦ ᠪᠠᠢᠪᠠ᠃ ᠬᠦᠷᠢᠶ᠎ᠡ ᠬᠣᠷᠢᠶ᠎ᠠ ᠪᠠᠷ ᠳᠦᠭᠦᠷᠦᠭᠰᠡᠨ ᠴᠡᠷᠢᠭ ᠤᠳᠤᠷᠢᠳᠴᠤ ᠰᠢᠦᠢ ᠨᠣᠶᠠᠨ ᠢ᠋ ᠢᠷᠡᠬᠦ ᠶ᠋ᠢᠨ ᠡᠮᠦᠨ᠎ᠡ᠂ ᠣᠯᠠᠨ᠂ ᠬᠢᠲᠠᠳ ᠰᠠᠢᠳ ᠴᠢᠨ᠂ ᠮᠣᠩᠭᠣᠯ ᠨᠣᠶᠠᠳ ᠰᠠᠢᠳ᠂ ᠪᠣᠭᠳᠠ ᠶ᠋ᠢᠨ ᠣᠷᠳᠣᠨ ᠳ᠋ᠤ᠌ ᠰᠠᠮ ᠬᠤᠷᠠᠯ ᠵᠥᠪᠯᠡᠯ ᠬᠢᠵᠦ ᠪᠠᠢᠨ᠎ᠠ ᠭᠡᠵᠦ ᠶᠠᠷᠢᠯᠴᠠᠬᠤ ᠪᠣᠯᠤᠭᠰᠠᠨ ᠪᠢᠯᠡ᠃ ᠵᠠᠬ᠎ᠠ ᠵᠡᠭᠡᠯᠢ᠂ ᠮᠥᠨ ᠭᠠᠨᠳᠠᠩᠳᠡᠭᠴᠢᠩᠯᠢᠩ ᠬᠦᠷᠢᠶ᠎ᠡ ᠶ᠋ᠢ ᠲᠣᠭᠣᠷᠢᠭᠰᠠᠨ ᠬᠦᠷᠳᠦ ᠶ᠋ᠢ ᠡᠷᠭᠢᠵᠦ ᠶᠠᠪᠤᠬᠤ ᠬᠥᠮᠦᠨ᠂ ᠵᠠᠰᠠᠭ ᠨᠣᠶᠠᠳ᠂ ᠶᠡᠷᠦᠩᠬᠡᠢ ᠰᠠᠢᠳ ᠪᠠᠳᠮᠠᠳᠣᠷᠵᠢ᠂ ᠤᠯᠤᠰ ᠣᠯᠠᠨ ᠢ᠋ᠶ᠋ᠠᠨ ᠬᠢᠲᠠᠳ ᠲᠤ᠌ ᠬᠤᠳᠠᠯᠳᠤᠪᠠ ᠭᠡᠵᠦ ᠪᠡᠶ᠎ᠡ ᠳ᠋ᠡᠭᠡᠨ (ᠳ᠋ᠦ᠍ ᠪᠡᠨ) ᠰᠠᠮ ᠶᠠᠷᠢᠬᠤ ᠪᠣᠯᠵᠠᠢ᠃
ᠬᠦᠷᠢᠶ᠎ᠡ ᠲᠣᠭᠣᠷᠢᠭᠰᠠᠨ ᠬᠥᠷᠲᠦᠨᠡ《ᠠᠶ᠎ᠠ ᠮᠢᠩᠭᠠᠨ ᠨᠢᠳᠦᠲᠦ ᠰᠠᠬᠢᠭᠤᠯᠰᠤᠨ ᠰᠠᠢᠨ ᠨᠣᠶᠠᠨ ᠬᠠᠨ ᠨᠠᠮᠨᠠᠨᠰᠦ᠋ᠷᠦᠩ ᠢ᠋ ᠬᠣᠣᠷᠯᠠᠭᠰᠠᠨ ᠰᠡᠷᠡᠭᠡᠨᠡᠨ ᠦᠳᠡᠴᠢ ᠶ᠋ᠢ ᠭᠡᠰᠡᠭᠡᠨ( ᠭᠡᠰᠬᠡᠨ) ᠰᠣᠶᠣᠷᠬ᠎ᠠ᠃ * ᠬᠢᠲᠠᠳ ᠤ᠋ᠨ ᠭᠠᠰᠢᠭᠤᠨ ᠳᠠᠷᠤᠯᠠᠯ ᠠ᠋ᠴᠠ ᠪᠢᠳᠡᠨ ᠢ᠋ ᠠᠪᠤᠷᠠᠨ ᠥᠷᠥᠰᠢᠶᠡ (ᠥᠷᠥᠰᠢᠶᠡ)᠂ ᠤᠸᠮ ᠮᠠ᠋ ᠨᠢ ᠪᠠᠳ ᠮᠧ ᠬᠣᠮ》 ᠭᠡᠬᠦ ᠵᠡᠷᠭᠡ ᠪᠡᠷ ᠪᠢᠴᠢᠭᠰᠡᠨ ᠦᠰᠦᠭ ᠦᠵᠡᠭᠳᠡᠬᠦ ᠪᠣᠯᠤᠯ᠎ᠠ᠃
ᠬᠢᠲᠠᠳ ᠴᠡᠷᠢᠭ ᠳᠠᠭᠠᠭᠤᠯᠤᠨ ᠰᠢᠦᠢ ᠨᠣᠶᠠᠨ ᠢ᠋ ᠬᠦᠷᠢᠶᠡᠨ᠎ᠡ ᠢᠷᠡᠬᠦ ᠳ᠋ᠦ᠍᠂ ᠳᠡ ᠬᠦᠷᠢᠶ᠎ᠡ ᠬᠠᠪᠢ ᠣᠷᠴᠢᠨ ᠤ᠋ ᠬᠥᠮᠦᠨ ᠠᠮᠢᠲᠠᠨ ᠶᠡᠬᠡᠯ᠎ᠡ (ᠶᠡᠬᠡ ᠯᠡ) ᠵᠢᠪᠡᠭᠦᠴᠡᠪᠡ᠃ ᠵᠡᠭᠦᠨ ᠬᠦᠷᠢᠶᠡᠨ ᠦ᠌ ᠣᠯᠠᠨ ᠰᠦᠮ᠎ᠡ ᠳᠤᠭᠠᠩ ᠢ᠋ ᠡᠷᠭᠢᠵᠦ᠂ ᠳᠠᠩᠬᠠ(ᠳᠠᠩᠬᠤ) ᠲᠠᠢ ᠲᠣᠰᠣ ᠠ᠋ᠴᠠ ᠵᠤᠯᠠ ᠳ᠋ᠤ᠌ ᠲᠣᠰᠣ ᠡᠷᠭᠦᠵᠦ ᠶᠠᠪᠤᠭᠰᠠᠨ ᠬᠥᠳᠡᠭᠡᠨ ᠦ᠌ ᠨᠢᠭᠡᠨ ᠡᠪᠦᠭᠡᠨ᠂ ᠣᠯᠠᠨ ᠮᠥᠷᠭᠥᠯᠴᠢᠨ ᠳᠤᠮᠳᠠ ᠶᠠᠪᠤᠵᠤ ᠶᠠᠪᠤᠭᠰᠠᠨ ᠰᠠᠢᠨᠪᠢᠯᠢᠭ᠌ ᠢ᠋ ᠲᠣᠯᠣᠭᠠᠢ ᠳᠣᠬᠢᠨ ᠳᠠᠭᠤᠳᠠᠵᠤ ᠥᠭᠦᠯᠡᠷᠦᠨ᠂
— ᠴᠢᠨᠦ ᠬᠤᠪᠴᠠᠰᠤ ᠬᠤᠨᠠᠷ ᠢ᠋ ᠦᠵᠡᠪᠡᠯ ᠴᠡᠷᠢᠭ ᠦ᠋ᠨ ᠬᠥᠮᠦᠨ ᠪᠣᠯᠤᠯᠲᠠᠢ᠃ ᠬᠦᠦ ᠮᠢᠨᠢ ᠴᠢ ᠨᠠᠳᠠᠳᠤ (ᠨᠠᠳᠠ ᠳ᠋ᠤ᠌) ᠲᠤᠰᠠ ᠪᠣᠯᠵᠤ ᠥᠭᠭᠦᠨᠡᠦ(ᠥᠭᠭᠦᠨ᠎ᠡ ᠤᠤ)᠂ ᠪᠢ ᠬᠦᠷᠢᠶᠡᠨ ᠦ᠌ ᠳᠣᠭᠰᠢᠨ ᠤᠯᠠᠭᠠᠨ ᠰᠠᠬᠢᠭᠤᠯᠰᠤᠨ ᠳ᠋ᠤ᠌ ᠵᠠᠯᠪᠠᠷᠢᠯ ᠪᠢᠴᠢᠵᠦ ᠬᠠᠳᠠᠭ ᠡᠷᠭᠦᠬᠦ ᠭᠡᠳ ᠪᠢᠴᠢᠭ ᠮᠡᠳᠡᠬᠦ ᠦᠭᠡᠢ ᠲᠤᠯᠭᠠᠮᠳᠠᠪᠠ᠃ ᠵᠠᠯᠪᠠᠷᠢᠯ ᠥᠴᠢᠬᠦ ᠲᠤᠬᠠᠢ ᠴᠢᠬᠤᠯᠠ ᠬᠡᠷᠡᠭ ᠪᠣᠢ ᠶᠤᠮ ᠰᠠᠨ᠃ ᠴᠢ ᠮᠣᠩᠭᠣᠯ ᠲᠠᠢ ᠤᠤ᠂ ᠬᠦᠦ ᠮᠢᠨᠢ ᠬᠡᠮᠡᠪᠡᠰᠦ᠂
— ᠮᠣᠩᠭᠣᠯ ᠲᠠᠢ᠂ ᠡᠪᠦᠭᠡᠨ ᠠᠪᠤᠭᠠᠢ ᠮᠢᠨᠢ᠃ ᠠᠯᠢ ᠪᠣᠢ ᠲᠡᠷᠡ ᠪᠢᠴᠢᠬᠦ ᠶᠦᠮ(ᠶᠠᠭᠤᠮ᠎ᠠ) ᠲᠠᠨᠢ? ᠪᠢ ᠪᠢᠴᠢᠭᠡᠳ ᠥᠭᠭᠦᠶ᠎ᠡ ᠭᠡᠬᠦ ᠳ᠋ᠦ᠍ᠨᠢ(ᠳ᠋ᠦ᠍ ᠨᠢ)᠂
— ᠮᠠᠢ᠂ ᠡᠨᠡ ᠬᠠᠳᠠᠭ ᠳᠡᠭᠡᠷ᠎ᠡ ᠪᠢᠴᠢᠬᠦ ᠶᠦᠮ᠃ ᠠᠯᠢ᠂ ᠬᠦᠦ ᠮᠢᠨᠢ᠂ ᠣᠯᠠᠨ ᠤ᠋ ᠶᠠᠪᠤᠳᠠᠭ ᠵᠠᠮ ᠠ᠋ᠴᠠ ᠪᠠᠬᠠᠨ ᠵᠠᠢᠳᠠᠭᠤ ᠲᠠᠪᠠ ᠲᠠᠢ ᠰᠠᠭᠤᠵᠤ ᠪᠢᠴᠢᠶ᠎ᠡ ᠭᠡᠳ ᠲᠡᠷᠡ ᠡᠪᠦᠭᠡᠨ ᠡᠪᠦᠷ ᠡᠴᠡ ᠬᠠᠳᠠᠭ ᠭᠠᠷᠭᠠᠵᠤ᠂ ᠳᠠᠭᠠᠵᠤ ᠶᠠᠪᠤᠭᠰᠠᠨ ᠨᠢᠭᠡᠨ ᠬᠡᠦᠬᠡᠨ ᠦ᠌ ᠭᠠᠷ ᠠ᠋ᠴᠠ ᠬᠦᠬᠦᠷ(ᠬᠥᠬᠦᠦᠷ) ᠲᠡᠢ ᠰᠦ ᠶ᠋ᠢ ᠠᠪᠴᠤ ᠰᠢᠪᠡᠭᠡᠨᠡᠨ ᠥᠭᠦᠯᠡᠷᠦᠨ᠄
— ᠤᠯᠠᠭᠠᠨ ᠰᠠᠬᠢᠭᠤᠯᠰᠤᠨ ᠳ᠋ᠤ᠌ ᠮᠢᠨᠦ ᠵᠠᠯᠪᠠᠷᠢᠯ ᠢ᠋ ᠡᠨᠡ ᠠᠷᠢᠭᠤᠨ ᠴᠠᠭᠠᠨ ᠰᠦ ᠪᠡᠷ《ᠠᠶ᠎ᠠ ᠶᠡᠬᠡ ᠰᠠᠬᠢᠭᠤᠯᠰᠤ ᠠ᠋! ᠮᠠᠨᠠᠢ ( ᠮᠠᠨ ᠤ᠋) ᠮᠣᠩᠭᠣᠯ ᠤ᠋ᠨ ᠣᠯᠠᠨ ᠲᠦᠮᠡᠨ ᠠᠷᠠᠳ ᠢ᠋ ᠭᠠᠳᠠᠭᠠᠳᠤ ᠶ᠋ᠢᠨ ᠭᠠᠰᠢᠭᠤᠨ ᠳᠠᠷᠤᠯᠠᠯ ᠭᠠᠯ ᠤᠰᠤᠨ ᠤ᠋ ᠵᠣᠪᠠᠯᠠᠩ ᠠ᠋ᠴᠠ ᠭᠡᠲᠦᠯᠭᠡᠵᠦ᠂ ᠠᠮᠤᠷ ᠲᠦᠪᠰᠢᠨ ᠢ᠋ ᠣᠯᠭᠣᠬᠤ ᠵᠠᠮ ᠢ᠋ ᠨᠡᠭᠡᠭᠡᠭᠳᠡᠭᠦᠯᠦᠨ ᠰᠣᠶᠣᠷᠬ᠎ᠠ!》* ᠭᠡᠵᠦ ᠪᠢᠴᠢᠵᠦ ᠥᠭᠭᠦᠨ᠎ᠡ ᠤᠤ ᠭᠡᠪᠡ᠃ ᠡᠪᠦᠭᠡᠨ ᠦ᠌ ᠭᠤᠶᠤᠬᠤ ᠲᠡᠷᠡ ᠰᠡᠳᠬᠢᠯ ᠤᠶᠠᠷᠠᠮ᠎ᠠ ᠦᠭᠡᠨ ᠳ᠋ᠦ᠍ ᠭᠠᠢᠬᠠᠭᠰᠠᠨ ᠰᠠᠢᠨᠪᠢᠯᠢᠭ᠌ ᠶᠠᠭᠠᠷᠠᠨ ᠲᠡᠷᠡ ᠬᠦ᠌ ᠬᠦᠰᠡᠭᠰᠡᠨ ᠶᠣᠰᠣᠭᠠᠷ ᠬᠠᠳᠠᠭ ᠳᠡᠭᠡᠷ᠎ᠡ ᠰᠦ ᠪᠡᠷ ᠪᠢᠴᠢᠵᠦ ᠥᠭᠪᠡᠰᠦ᠂ ᠡᠪᠦᠭᠡᠨ ᠪᠠᠶᠠᠷᠯᠠᠵᠤ᠂
— ᠨᠠᠰᠤ ᠶ᠋ᠢ ᠮᠢᠨᠢ ᠠᠪᠤᠭᠠᠷᠠᠢ! ᠭᠡᠵᠦ ᠲᠠᠯ᠎ᠠ ᠥᠭᠴᠦ᠂ ᠬᠠᠳᠠᠭ ᠢ᠋ᠶ᠋ᠠᠨ ᠠᠪᠤᠭᠠᠳ᠂ ᠤᠯᠠᠭᠠᠨ ᠰᠠᠬᠢᠭᠤᠯᠰᠤᠨ ᠤ᠋ ᠰᠦᠮ᠎ᠡ ᠶ᠋ᠢᠨ ᠵᠦᠭ ᠣᠳᠪᠠ᠃
* * *
ᠣᠯᠠᠨ᠎ᠠ ᠶ᠋ᠢᠨ ᠶᠢᠰᠦᠳᠦᠭᠡᠷ ᠣᠨ ᠨᠠᠮᠤᠷ ᠤ᠋ᠨ ᠠᠳᠠᠭ ᠰᠠᠷ᠎ᠠ ᠶ᠋ᠢᠨ ᠬᠣᠷᠢᠨ ᠳᠦᠷᠪᠡᠨᠡ ᠰᠢᠦᠢ ᠱᠤ᠌ ᠵᠧᠩ᠂ ᠬᠦᠷᠢᠶᠡᠨ ᠦ᠌ ᠵᠠᠰᠠᠭ ᠤ᠋ᠨ ᠭᠠᠵᠠᠷ ᠲᠤᠯᠭᠠᠵᠤ᠂ ᠳᠤᠮᠳᠠᠳᠤ ᠢᠷᠭᠡᠨ ᠤᠯᠤᠰ ᠤ᠋ᠨ ᠶᠡᠬᠡ ᠶᠡᠷᠦᠩᠬᠡᠢᠯᠡᠭᠴᠢ ᠰᠠᠢᠳ ᠲᠤ᠌ ᠭᠠᠳᠠᠭᠠᠳᠤ ᠮᠣᠩᠭᠣᠯ ᠤ᠋ᠨ ᠥᠪᠡᠷᠲᠡᠭᠡᠨ ᠵᠠᠰᠠᠬᠤ ᠵᠠᠰᠠᠭ ᠢ᠋ ᠥᠪᠡᠷᠰᠡᠳ ᠢ᠋ᠶ᠋ᠡᠨ ᠭᠤᠶᠤᠨ ᠤᠰᠠᠳᠬᠠᠬᠤ ᠪᠢᠴᠢᠭ ᠢ᠋ ᠵᠥᠪᠯᠡᠨ ᠬᠡᠯᠡᠯᠴᠡᠵᠦ ᠦᠰᠦᠭ ᠵᠢᠷᠤᠨ ᠡᠷᠭᠦᠲᠦᠭᠡᠢ ᠭᠡᠵᠡᠢ᠃ ᠤᠯᠤᠰ ᠤ᠋ᠨ ᠳᠣᠣᠷᠠᠲᠤ ᠬᠤᠷᠠᠯ ᠳ᠋ᠤ᠌ ᠪᠢᠴᠢᠭ ᠦ᠋ᠨ᠂ ᠮᠥᠨ ᠰᠦᠷ ᠶᠡᠬᠡᠲᠡᠢ ᠴᠡᠷᠢᠭ ᠦ᠋ᠨ ᠲᠦᠰᠢᠮᠡᠯ ᠲᠠᠢᠵᠢ ᠨᠠᠷ ᠬᠤᠷᠠᠯᠳᠤᠳᠠᠭ ᠢ᠋ ᠠᠶᠤᠨ ᠡᠮᠢᠶᠡᠯᠭᠡᠬᠦ ᠭᠡᠵᠦ ᠮᠥᠨ ᠬᠣᠷᠢᠨ ᠳᠥᠷᠪᠡᠨ ᠦ᠌ ᠰᠥᠨᠢ ᠶᠡᠷᠦᠩᠬᠡᠢ ᠰᠠᠢᠳ ᠪᠠᠳᠮᠠᠳᠣᠷᠵᠢ ᠶ᠋ᠢᠨ ᠬᠠᠰᠢᠶ᠎ᠠ᠂ ᠪᠣᠭᠳᠠ ᠬᠠᠭᠠᠨ ᠤ᠋ ᠣᠷᠳᠣᠨ ᠤ᠋ ᠡᠮᠦᠨ᠎ᠡ ᠬᠢᠲᠠᠳ ᠴᠡᠷᠢᠭ ᠵᠢᠭᠰᠠᠭᠠᠵᠠᠢ᠃
ᠭᠦᠷᠦᠨ ᠦ᠌ ᠵᠠᠰᠠᠭ ᠤ᠋ᠨ ᠭᠠᠵᠠᠷ ᠤ᠋ᠨ ᠶᠡᠷᠦᠩᠬᠡᠢ ᠰᠠᠢᠳ᠂ ᠶᠡᠬᠡ ᠱᠠᠪᠢ ᠶ᠋ᠢᠨ ᠡᠷᠳᠡᠨᠢ ᠱᠠᠩᠵᠠᠪ ᠪᠠᠳᠮᠠᠳᠣᠷᠵᠢ ᠤᠯᠤᠰ ᠤ᠋ᠨ ᠳᠡᠭᠡᠳᠦ ᠳᠣᠣᠷᠠᠲᠤ ᠬᠤᠷᠠᠯ ᠢ᠋ ᠶᠠᠭᠠᠷᠠᠨ ᠵᠠᠷᠯᠠᠵᠤ᠂ ᠳᠣᠲᠣᠭᠠᠳᠤ ᠶᠠᠮᠤᠨ ᠤ᠋ ᠬᠠᠰᠢᠶᠠᠨ᠎ᠠ ᠪᠣᠢ ᠬᠣᠶᠠᠷ ᠶᠡᠬᠡ ᠲᠣᠮᠣ ᠭᠡᠷ ᠲᠦ᠍ ᠲᠤᠰ ᠲᠤᠰ ᠬᠤᠷᠠᠯᠳᠤᠭᠤᠯᠪᠠ᠃ ᠳᠡᠭᠡᠳᠦ ᠬᠤᠷᠠᠯ ᠤ᠋ᠨ ᠣᠯᠠᠨ ᠸᠠᠩ ᠬᠦᠩ᠂ ᠰᠠᠢᠳ ᠨᠣᠶᠠᠳ᠂ ᠥᠪᠡᠷᠲᠡᠭᠡᠨ ᠵᠠᠰᠠᠬᠤ ᠵᠠᠰᠠᠭ ᠢ᠋ ᠰᠠᠢᠨ ᠳᠤᠷ᠎ᠠ ᠪᠠᠷ ᠡᠭᠡᠭᠦᠯᠦᠨ ᠤᠰᠠᠳᠬᠠᠪᠠᠯ᠂ ᠬᠠᠷᠢᠭᠤ ᠱᠠᠩ ᠳ᠋ᠤ᠌ ᠵᠡᠷᠭᠡ ᠬᠡᠷᠬᠡᠮ᠂ ᠴᠠᠯᠢᠩ ᠹᠦᠩᠯᠦ ᠥᠴᠦᠬᠡᠨ ᠴᠦ᠍ ᠬᠣᠬᠢᠷᠠᠬᠤ ᠦᠭᠡᠢ᠂ ᠬᠠᠷᠢᠨ ᠴᠤ᠌ ᠠᠰᠢᠭ ᠣᠯᠬᠤ ᠶ᠋ᠢ ᠮᠡᠳᠡᠬᠦ ᠲᠤᠯᠠ ᠦᠭᠡ ᠨᠡᠢᠯᠡᠵᠦ ᠴᠥᠮ ᠳᠤᠮᠳᠠᠳᠤ ᠢᠷᠭᠡᠨ ᠤᠯᠤᠰ ᠤ᠋ᠨ ᠪᠠᠷᠠᠭᠤᠨ ᠬᠣᠢᠲᠤ ᠬᠢᠵᠠᠭᠠᠷ ᠤ᠋ᠨ ᠬᠡᠷᠡᠭ ᠢ᠋ ᠪᠤᠳᠤᠭᠤᠯᠤᠨ ᠰᠢᠢᠳᠬᠡᠭᠴᠢ ᠰᠠᠢᠳ ᠰᠢᠦᠢ ᠨᠣᠶᠠᠨ ᠤ᠋ ᠵᠠᠬᠢᠶ᠎ᠠ ᠶ᠋ᠢ ᠦᠭᠡ ᠥᠴᠢᠭ ᠦᠭᠡᠢ ᠳᠠᠭᠠᠰᠤᠭᠠᠢ ᠭᠡᠵᠡᠢ᠃
ᠳᠣᠣᠷᠠᠲᠤ ᠬᠤᠷᠠᠯ ᠤ᠋ᠨ ᠭᠡᠰᠢᠭᠦᠳ᠂ ᠬᠦᠷᠢᠶᠡᠨ ᠦ᠌ ᠠᠯᠪᠠᠨ ᠶᠠᠮᠤᠨ ᠤ᠋ ᠪᠢᠴᠢᠭ ᠴᠡᠷᠢᠭ ᠦ᠋ᠨ ᠲᠦᠰᠢᠮᠡᠯ᠂ ᠴᠢᠬᠤᠯᠠ ᠵᠠᠷᠯᠠᠯ ᠰᠣᠨᠣᠰᠬᠤ ᠪᠠᠷ ᠬᠤᠷᠠᠯ ᠴᠤᠭᠯᠠᠵᠤ᠂ ᠶᠡᠷᠦᠩᠬᠡᠢ ᠰᠠᠢᠳ ᠪᠠᠳᠮᠠᠳᠣᠷᠵᠢ ᠶ᠋ᠢ ᠳᠣᠣᠷᠠᠲᠤ ᠬᠤᠷᠠᠯ ᠤ᠋ᠨ ᠭᠡᠷ ᠲᠦ᠍ ᠣᠷᠣᠵᠤ ᠢᠷᠡᠬᠦ ᠳ᠋ᠦ᠍ ᠦᠭᠡ ᠳᠠᠭᠤᠨ ᠦᠭᠡᠢ ᠬᠦᠨᠳᠦᠳᠬᠡᠨ ᠲᠤᠰᠪᠠ᠃
ᠶᠡᠷᠦᠩᠬᠡᠢ ᠰᠠᠢᠳ ᠲᠣᠮᠣ ᠭᠡᠭᠴᠢ ᠶ᠋ᠢᠨ ᠤᠰᠤᠨ ᠪᠣᠯᠣᠷ ᠰᠢᠯ ᠬᠠᠮᠠᠷ ᠳᠡᠭᠡᠷ᠎ᠡ ᠪᠡᠨ ᠲᠣᠬᠣᠭᠠᠳ᠂ ᠣᠯᠠᠨ ᠤ᠋ ᠵᠦᠭ ᠬᠥᠭᠰᠢᠨ ᠬᠥᠮᠦᠨ ᠦ᠌ ᠳᠠᠭᠤᠨ ᠢ᠋ᠶ᠋ᠠᠷ ᠥᠭᠦᠯᠡᠷᠦᠨ᠂
— ᠣᠨᠴᠠ ᠴᠢᠬᠤᠯᠠ ᠶᠠᠪᠤᠳᠠᠯ ᠲᠣᠬᠢᠶᠠᠵᠤ᠂ ᠤᠯᠤᠰ ᠤ᠋ᠨ ᠳᠡᠭᠡᠳᠦ ᠪᠠ ᠳᠣᠣᠷᠠᠲᠤ ᠬᠤᠷᠠᠯ ᠢ᠋ ᠪᠢ ᠵᠠᠷᠯᠠᠨ ᠬᠤᠷᠠᠯᠳᠤᠭᠤᠯᠪᠠ᠃ ᠳᠤᠮᠳᠠᠳᠤ ᠢᠷᠭᠡᠨ ᠤᠯᠤᠰ ᠤ᠋ᠨ ᠪᠠᠷᠠᠭᠤᠨ ᠬᠣᠢᠲᠤ ᠬᠢᠵᠠᠭᠠᠷ ᠢ᠋ ᠲᠦᠪᠰᠢᠳᠬᠡᠨ ᠲᠣᠬᠣᠨᠢᠭᠤᠯᠬᠤ ᠰᠠᠢᠳ ᠵᠠᠩᠵᠤᠨ ᠰᠢᠦᠢ᠂ ᠪᠢᠳᠡᠨ ᠳ᠋ᠦ᠍ ᠲᠤᠯᠭᠠᠬᠤ ᠪᠢᠴᠢᠭ ᠬᠦᠯᠢᠶᠡᠯᠭᠡᠨ ᠥᠭᠪᠡ᠃ ᠣᠳᠣ ᠪᠢᠳᠡ ᠨᠢᠭᠡ ᠪᠥᠭᠡᠰᠦ ᠮᠠᠨᠠᠢ ᠬᠠᠭᠠᠨ᠂ ᠣᠯᠠᠨ ᠸᠠᠩ ᠬᠦᠩ᠂ ᠵᠠᠰᠠᠭ ᠨᠣᠶᠠᠳ ᠤ᠋ᠨ ᠪᠦᠬᠦᠢ ᠯᠡ ᠵᠡᠷᠭᠡ ᠬᠡᠷᠬᠡᠮ ᠶᠠᠩᠪᠠ ᠹᠦᠩᠯᠦ ᠶ᠋ᠢ ᠬᠡᠪ ᠢ᠋ᠶ᠋ᠡᠷ ᠬᠠᠳᠠᠭᠠᠯᠠᠨ᠂ ᠮᠠᠨᠠᠢ ᠥᠪᠡᠷᠲᠡᠭᠡᠨ ᠵᠠᠰᠠᠬᠤ ᠵᠠᠰᠠᠭ ᠢ᠋ ᠰᠠᠢᠨ ᠳᠤᠷ᠎ᠠ ᠪᠠᠷ ᠡᠪ ᠨᠠᠢᠷᠠᠮᠳᠠᠯ ᠤ᠋ᠨ ᠳᠣᠲᠣᠷ᠎ᠠ ᠥᠪᠡᠷᠰᠡᠳ ᠢ᠋ᠶ᠋ᠡᠨ ᠡᠭᠡᠭᠦᠯᠦᠨ ᠤᠰᠠᠳᠬᠠᠬᠤ᠂ ᠡᠰᠡᠪᠡᠰᠦ ᠣᠯᠠᠨ ᠠᠮᠢᠲᠠᠨ ᠢ᠋ᠶ᠋ᠠᠨ ᠭᠠᠯ ᠤᠰᠤᠨ ᠤ᠋ ᠭᠠᠰᠢᠭᠤᠨ ᠵᠣᠪᠠᠯᠠᠩ ᠳ᠋ᠤ᠌ ᠤᠨᠠᠭᠠᠬᠤ ᠡᠨᠡ ᠬᠣᠶᠠᠷ ᠤ᠋ᠨ ᠨᠢᠭᠡᠨ ᠢ᠋ ᠰᠣᠩᠭᠣᠬᠤ ᠠ᠋ᠴᠠ ᠥᠭᠡᠷ᠎ᠡ ᠠᠷᠭ᠎ᠠ ᠦᠭᠡᠢ ᠪᠣᠯᠪᠠ᠃ ᠴᠠᠭ ᠲᠥᠷᠥ ᠶ᠋ᠢᠨ ᠪᠠᠢᠳᠠᠯ ᠢ᠋ ᠥᠭᠦᠯᠡᠪᠡᠯ᠂ ᠡᠨᠡ ᠬᠡᠷᠡᠭ ᠢ᠋ ᠬᠣᠢᠰᠢᠯᠠᠵᠤ ᠬᠡᠷᠬᠢᠪᠡᠴᠦ ᠪᠣᠯᠬᠤ ᠦᠭᠡᠢ᠂ ᠥᠨᠥᠳᠥᠷ ᠦ᠋ᠨ ᠳᠣᠲᠣᠷ᠎ᠠ ᠵᠥᠪᠯᠡᠨ ᠬᠡᠯᠡᠯᠴᠡᠵᠦ᠂ ᠮᠠᠨᠠᠢ ᠥᠪᠡᠷᠲᠡᠭᠡᠨ ᠵᠠᠰᠠᠬᠤ ᠵᠠᠰᠠᠭ ᠢ᠋ ᠭᠤᠶᠤᠨ ᠤᠰᠠᠳᠬᠠᠬᠤ ᠪᠢᠴᠢᠭ ᠢ᠋ ᠵᠥᠪᠯᠡᠨ ᠬᠡᠯᠡᠯᠴᠡᠬᠦ ᠶᠣᠰᠣᠲᠠᠢ ᠪᠣᠯᠪᠠ᠃ ᠡᠨᠡ ᠪᠣᠯ ᠱᠠᠰᠢᠨ ᠠᠮᠢᠲᠠᠨ ᠤ᠋ ᠲᠤᠰᠠ ᠶ᠋ᠢ ᠪᠣᠳᠣᠪᠠᠯ᠂ ᠵᠠᠢᠯᠠᠰᠢ ᠦᠭᠡᠢ ᠬᠡᠷᠡᠭ ᠪᠣᠯᠪᠠ᠃ ᠤᠯᠤᠰ ᠤ᠋ᠨ ᠬᠤᠷᠠᠯ ᠤ᠋ᠨ ᠳᠦᠷᠢᠮ ᠢ᠋ ᠦᠵᠡᠪᠡᠯ᠂ ᠲᠥᠷᠥ ᠶ᠋ᠢᠨ ᠡᠷᠳᠡᠮᠲᠡᠨ ᠰᠠᠢᠳ ᠤ᠋ᠳ ᠬᠤᠷᠠᠨ ᠴᠤᠭᠯᠠᠭᠰᠠᠨ ᠳᠡᠭᠡᠳᠦ ᠬᠤᠷᠠᠯ ᠠᠯᠢᠪᠠ ᠬᠡᠷᠡᠭ ᠢ᠋ ᠲᠠᠰᠤᠯᠤᠨ ᠲᠣᠭᠲᠠᠭᠠᠨ᠎ᠠ᠃ ᠭᠡᠪᠡᠴᠦ ᠬᠠᠤᠯᠢ ᠳ᠋ᠤ᠌ ᠵᠢᠭᠠᠭᠰᠠᠨ ᠨᠢ ᠳᠣᠣᠷᠠᠲᠤ ᠬᠤᠷᠠᠯ ᠤ᠋ᠨ ᠭᠠᠵᠠᠷ᠂ ᠰᠠᠨᠠᠯ ᠭᠠᠷᠭᠠᠵᠤ ᠵᠥᠪᠯᠡᠬᠦ ᠡᠷᠬᠡ ᠪᠣᠢ ᠭᠡᠵᠦ ᠵᠢᠭᠠᠭᠰᠠᠨ ᠲᠤᠯᠠ ᠪᠢ ᠲᠠ ᠪᠦᠬᠦᠨ ᠦ᠌ ᠰᠠᠨᠠᠯ ᠢ᠋ ᠰᠣᠨᠣᠰᠬᠤ ᠶ᠋ᠢ ᠬᠦᠰᠡᠨ᠎ᠡ ᠭᠡᠪᠡᠯ ᠳᠣᠣᠷᠠᠲᠤ ᠬᠤᠷᠠᠯ ᠤ᠋ᠨ ᠭᠡᠰᠢᠭᠦᠳ ᠲᠡᠷᠡ ᠦᠭᠡ ᠶ᠋ᠢ ᠰᠣᠨᠣᠰᠤᠭᠠᠳ ᠰᠣᠴᠢᠨ ᠭᠠᠢᠬᠠᠵᠤ᠂ ᠦᠭᠡ ᠳᠠᠭᠤᠨ ᠦᠭᠡᠢ ᠰᠠᠭᠤᠪᠠ᠃ ᠶᠡᠷᠦᠩᠬᠡᠢ ᠰᠠᠢᠳ ᠪᠠ᠊ ᠥᠭᠦᠯᠡᠷᠦᠨ᠃
— ᠣᠳᠣ ᠪᠢ᠂ ᠳᠤᠮᠳᠠᠳᠤ ᠢᠷᠭᠡᠨ ᠤᠯᠤᠰ ᠤ᠋ᠨ ᠶᠡᠬᠡ ᠶᠡᠷᠦᠩᠬᠡᠢᠯᠡᠭᠴᠢ ᠰᠠᠢᠳ ᠲᠤ᠌ ᠡᠷᠭᠦᠬᠦ ᠭᠤᠶᠤᠨ ᠤᠰᠠᠳᠬᠠᠬᠤ ᠪᠢᠴᠢᠭ ᠦ᠋ᠨ ᠦᠭᠡ ᠶ᠋ᠢ ᠤᠩᠰᠢᠨ ᠰᠣᠨᠣᠰᠬᠠᠶ᠎ᠠ᠃ ᠠᠩᠬᠠᠷᠤᠨ ᠰᠣᠨᠣᠰᠬᠤ ᠠᠵᠢᠶᠠᠮᠤ᠃
《ᠠᠥ᠋ᠲ᠋ᠤᠨᠤᠮᠢᠲ᠋ ᠭᠠᠳᠠᠭᠠᠳᠤ ᠮᠣᠩᠭᠣᠯ ᠤ᠋ᠨ ᠵᠠᠰᠠᠭ ᠤ᠋ᠨ ᠭᠠᠵᠠᠷ ᠤ᠋ᠨ ᠪᠢᠴᠢᠭ᠃ ᠶᠡᠬᠡ ᠽᠦᠩᠲ᠋ᠦ᠋ᠩ ᠲᠠᠨ᠎ᠠ ᠡᠷᠭᠦᠪᠡ᠃ ᠦᠭᠡ ᠨᠡᠢᠯᠡᠯᠳᠦᠨ ᠮᠡᠬᠦᠢᠨ ᠭᠤᠶᠤᠬᠤ ᠶᠠᠪᠤᠳᠠᠯ ᠢ᠋ ᠲᠣᠳᠣᠷᠬᠠᠢᠯᠠᠨ ᠭᠠᠷᠭᠠᠵᠤ ᠬᠡᠴᠢᠶᠡᠩᠭᠦᠢᠯᠡᠨ ᠡᠷᠭᠦᠭᠡᠳ᠂ ᠭᠡᠭᠡᠨ ᠢ᠋ᠶ᠋ᠡᠷ ᠠᠢᠯᠠᠳᠬᠠᠬᠤ ᠶ᠋ᠢ ᠭᠤᠶᠤᠬᠤ ᠶ᠋ᠢᠨ ᠤᠴᠢᠷ᠂ ᠮᠡᠬᠦᠢᠵᠦ ᠬᠢᠨᠠᠪᠠᠰᠤ᠂ ᠮᠠᠨᠠᠢ(ᠮᠠᠨ ᠤ᠋) ᠮᠣᠩᠭᠣᠯ᠂ ᠤᠷᠢᠳᠤ ᠴᠢᠩ ᠤᠯᠤᠰ ᠤ᠋ᠨ ᠡᠩᠬᠡ ᠠᠮᠤᠭᠤᠯᠠᠩ ᠤ᠋ᠨ ᠣᠨ ᠠ᠋ᠴᠠ ᠨᠡᠰᠢ ᠳᠤᠮᠳᠠᠳᠤ ᠵᠠᠰᠠᠭ ᠤ᠋ᠨ ᠭᠠᠵᠠᠷ ᠵᠠᠬᠢᠷᠤᠭᠳᠠᠨ ᠬᠣᠶᠠᠷ ᠵᠠᠭᠤ ᠢᠯᠡᠭᠦᠦ ᠣᠨ ᠪᠣᠯᠲᠠᠯ᠎ᠠ ᠰᠠᠨᠠᠭ᠎ᠠ ᠵᠣᠷᠢᠯᠲᠠ ᠤᠤᠯ ᠠ᠋ᠴᠠ ᠨᠡᠢᠯᠡᠯᠴᠡᠨ᠂ ᠬᠠᠷᠢᠯᠴᠠᠨ ᠳ᠋ᠤᠷ ᠴᠥᠮ ᠮᠠᠰᠢ ᠡᠩᠬᠡ ᠲᠦᠪᠰᠢᠨ ᠠᠭᠰᠠᠨ ᠠᠨᠤ᠂ ᠲᠥᠷᠥ ᠭᠡᠷᠡᠯᠲᠦ ᠶ᠋ᠢᠨ ᠣᠨ ᠠ᠋ᠴᠠ ᠡᠬᠢᠯᠡᠨ ᠬᠠᠭᠤᠴᠢᠨ ᠬᠠᠤᠯᠢ ᠶ᠋ᠢ ᠬᠤᠪᠢᠰᠬᠠᠨ ᠬᠠᠯᠠᠭᠰᠠᠨ ᠢ᠋ᠶ᠋ᠠᠷ ᠮᠣᠩᠭᠣᠯ ᠤ᠋ᠨ ᠰᠠᠨᠠᠭᠠᠨ ᠳ᠋ᠤ᠌ ᠨᠡᠢᠯᠡᠯᠴᠡᠬᠦ ᠦᠭᠡᠢ ᠪᠡᠷ ᠰᠡᠵᠢᠭ ᠳᠠᠭᠠᠪᠤᠷᠢ ᠡᠭᠦᠳᠦᠭᠰᠡᠨ ᠪᠠ ᠡᠴᠦᠰ ᠦ᠋ᠨ ᠤᠯᠠᠷᠢᠯ ᠳ᠋ᠤᠷ ᠬᠦᠷᠦᠮᠡᠭᠴᠡ᠂ ᠲᠦᠰᠢᠮᠡᠯ ᠰᠢᠭᠤᠪᠠᠩ᠂ ᠵᠠᠰᠠᠭ ᠢ᠋ ᠶᠠᠪᠤᠭᠤᠯᠬᠤᠢ ᠳ᠋ᠤᠷ ᠵᠦᠢ ᠶ᠋ᠢ ᠠᠯᠳᠠᠭᠳᠠᠭᠰᠠᠨ ᠢ᠋ᠶ᠋ᠠᠷ ᠭᠠᠰᠠᠯᠠᠩ ᠬᠣᠷᠣᠰᠤᠯ ᠳᠡᠭᠳᠡᠵᠦ᠂ ᠭᠠᠳᠠᠭᠠᠳᠤ ᠶ᠋ᠢᠨ ᠬᠥᠮᠦᠨ ᠪᠠᠰᠠ ᠬᠣᠭᠣᠷᠣᠨᠳᠣ ᠠ᠋ᠴᠠ ᠨᠢ ᠵᠠᠪᠰᠠᠷᠳᠠᠭᠤᠯᠤᠭᠰᠠᠨ ᠢ᠋ᠶ᠋ᠠᠷ ᠭᠠᠭᠴᠠᠭᠠᠷ ᠲᠣᠭᠲᠠᠨᠢᠬᠤ ᠶ᠋ᠢᠨ ᠬᠤᠪᠢᠰᠬᠠᠯ ᠡᠭᠦᠳᠬᠦᠢ ᠳ᠋ᠦ᠍ᠷ ᠬᠦᠷᠦᠭᠦᠯᠦᠭᠰᠡᠨ ᠪᠥᠭᠡᠳ ᠬᠢᠶᠠᠭᠲᠤ ᠬᠣᠲᠠᠨ᠎ᠠ ᠭᠡᠷ᠎ᠡ ᠲᠣᠭᠲᠠᠭᠠᠵᠤ᠂ ᠭᠠᠳᠠᠭᠠᠳᠤ ᠮᠣᠩᠭᠣᠯ ᠥᠪᠡᠷ ᠢ᠋ᠶ᠋ᠡᠨ ᠵᠠᠰᠠᠬᠤ ᠶ᠋ᠢ ᠵᠥᠪᠰᠢᠶᠡᠷᠡᠭᠰᠡᠨ ᠢ᠋ᠶ᠋ᠡᠷ ᠳᠠᠭᠤᠰᠬᠠᠯ ᠪᠣᠯᠭᠠᠭᠰᠠᠨ ᠳ᠋ᠤᠷ ᠳᠤᠮᠳᠠᠳᠤ ᠵᠠᠰᠠᠭ ᠤ᠋ᠨ ᠭᠠᠵᠠᠷ᠎ᠠ ᠡᠵᠡᠨ ᠦ᠌ ᠡᠷᠬᠡ ᠶ᠋ᠢ ᠠᠯᠳᠠᠭᠳᠠᠭᠰᠠᠨ ᠪᠥᠭᠡᠳ ᠬᠡᠳᠦ ᠬᠡᠳᠦᠨ ᠵᠢᠯ ᠥᠪᠡᠷ ᠢ᠋ᠶ᠋ᠡᠨ ᠵᠠᠰᠠᠭᠰᠠᠨ ᠳ᠋ᠤᠷ ᠮᠥᠨ ᠴᠦ᠍ ᠪᠦᠷᠢᠨ ᠪᠦᠲᠦᠨ ᠪᠣᠯᠬᠤ ᠶ᠋ᠢᠨ ᠲᠡᠭᠦᠰᠬᠡᠯ ᠢ᠋ ᠣᠯᠤᠭᠰᠠᠨ ᠦᠭᠡᠢ᠃ ᠥᠩᠭᠡᠷᠡᠭᠰᠡᠨ ᠬᠡᠷᠡᠭ ᠢ᠋ ᠡᠷᠭᠢᠴᠡᠭᠦᠯᠦᠨ ᠬᠢᠨᠠᠪᠠᠰᠤ᠂ ᠣᠨᠴᠠ ᠶᠡᠬᠡᠳᠡ ᠰᠡᠭᠦᠷᠡᠰᠦᠨ ᠠᠯᠳᠠᠯᠲᠠᠢ ᠶ᠋ᠢᠨ ᠳᠡᠭᠡᠷ᠎ᠡ᠂ ᠤᠷᠢᠳᠠᠬᠢ (ᠤᠷᠢᠳᠬᠢ) ᠣᠨ ᠳ᠋ᠤ᠌ ᠣᠷᠣᠰ ᠤᠯᠤᠰ ᠤ᠋ᠨ ᠳᠣᠲᠣᠭᠠᠳᠤ ᠶ᠋ᠢᠨ ᠰᠠᠮᠠᠭᠤᠨ ᠮᠣᠩᠭᠣᠯ ᠤ᠋ᠨ ᠬᠢᠵᠠᠭᠠᠷ ᠲᠤ᠌ ᠬᠠᠯᠳᠠᠪᠤᠷᠢᠯᠠᠨ ᠢᠷᠡᠵᠦ᠂ ᠣᠷᠣᠰ ᠲᠤ᠌ ᠨᠢᠭᠡᠳᠬᠡᠨ ᠵᠠᠬᠢᠷᠬᠤ ᠵᠠᠰᠠᠭ ᠤ᠋ᠨ ᠭᠠᠵᠠᠷ ᠦᠭᠡᠢ ᠤᠴᠢᠷ᠂ ᠭᠡᠷ᠎ᠡ ᠪᠢᠴᠢᠭ ᠢ᠋ ᠬᠠᠮᠠᠭᠠᠯᠠᠵᠤ ᠴᠢᠳᠠᠬᠤ ᠦᠭᠡᠢ ᠪᠣᠯᠤᠭᠰᠠᠨ ᠲᠡᠳᠦᠢ ᠦᠭᠡᠢ᠂ ᠲᠡᠭᠦᠨ ᠦ᠌ ᠬᠠᠷᠢᠶᠠᠲᠤ ᠠᠢᠮᠠᠭ ᠢ᠋ ᠪᠠᠷᠢᠮᠲᠠᠯᠠᠨ ᠵᠠᠬᠢᠷᠴᠤ ᠴᠢᠳᠠᠬᠤ ᠦᠭᠡᠢ ᠪᠣᠯᠤᠭᠰᠠᠨ ᠢ᠋ᠶ᠋ᠠᠷ ᠪᠤᠷᠢᠶᠠᠳ ᠬᠥᠮᠦᠨ ᠳᠣᠲᠣᠭᠠᠳᠤ ᠮᠣᠩᠭᠣᠯ ᠤ᠋ᠨ ᠮᠠᠭᠤ ᠬᠤᠯᠠᠭᠠᠢ ᠯᠤᠭ᠎ᠠ ᠰᠦᠯᠪᠡᠭᠡᠯᠳᠦᠨ᠂ ᠤᠳᠠᠭ᠎ᠠ ᠳᠠᠷᠠᠭ᠎ᠠ ᠬᠥᠮᠦᠨ ᠵᠠᠷᠤᠵᠤ ᠬᠦᠷᠢᠶᠡᠨ ᠳ᠋ᠦ᠍ ᠢᠷᠡᠭᠦᠯᠦᠨ᠂ ᠬᠠᠮᠲᠤ ᠨᠡᠢᠯᠡᠯᠳᠦᠨ ᠭᠠᠭᠴᠠᠭᠠᠷ ᠲᠣᠭᠲᠠᠨᠢᠭᠰᠠᠨ ᠤᠯᠤᠰ ᠪᠣᠯᠰᠤᠭᠠᠢ ᠭᠡᠵᠦ ᠬᠠᠳᠬᠤᠨ ᠥᠳᠥᠭᠡᠵᠦ᠂ ᠳᠤᠮᠳᠠᠳᠤ ᠤᠯᠤᠰ ᠤ᠋ᠨ ᠡᠵᠡᠨ ᠦ᠌ ᠡᠷᠬᠡ ᠠᠯᠳᠠᠭᠳᠠᠭᠤᠯᠤᠨ᠂ ᠭᠠᠳᠠᠭᠠᠳᠤ ᠮᠣᠩᠭᠣᠯ ᠤ᠋ᠨ ᠥᠪᠡᠷ ᠢ᠋ᠶ᠋ᠡᠨ ᠵᠠᠰᠠᠬᠤ ᠡᠷᠬᠡ ᠶ᠋ᠢ ᠡᠪᠳᠡᠬᠦᠢ ᠳ᠋ᠦ᠍ᠷ ᠬᠦᠷᠦᠭᠦᠯᠦᠭᠰᠡᠨ ᠳ᠋ᠦ᠍ᠷ ᠮᠠᠨᠠᠢ(ᠮᠠᠨ ᠤ᠋) ᠭᠠᠳᠠᠭᠠᠳᠤ ᠮᠣᠩᠭᠣᠯ᠂ ᠬᠣᠣᠷᠯᠠᠯ ᠪᠣᠢ᠂ ᠠᠰᠢᠭ ᠦᠭᠡᠢ ᠶ᠋ᠢ ᠭᠦᠨ᠎ᠡ ᠮᠡᠳᠡᠭᠡᠳ ᠠᠶᠤᠮᠰᠢᠭ ᠦᠭᠡᠢ ᠪᠡᠷ ᠡᠰᠡ ᠨᠡᠢᠯᠡᠯᠳᠦᠭᠰᠡᠨ ᠳ᠋ᠦ᠍ᠷ᠂ ᠲᠡᠳᠡᠨ ᠦ᠌ ᠨᠠᠮ ᠪᠠᠰᠠ ᠴᠡᠷᠢᠭ ᠭᠠᠷᠭᠠᠵᠤ᠂ ᠮᠣᠩᠭᠣᠯ ᠳ᠋ᠤ᠌ ᠬᠠᠯᠳᠠᠨ᠎ᠠ ᠭᠡᠵᠦ ᠣᠯᠠᠨ ᠵᠦᠢᠯ ᠢ᠋ᠶ᠋ᠡᠷ ᠵᠠᠩᠳᠤᠷᠤᠨ ᠠᠶᠤᠯᠭᠠᠭᠰᠠᠨ ᠪᠠ ᠪᠠᠰᠠ ᠲᠠᠩᠨᠠᠤ(ᠲᠠᠩᠨᠤ) ᠤᠷᠢᠶᠠᠩᠬᠠᠢ᠂ ᠤᠤᠯ ᠠ᠋ᠴᠠ ᠭᠠᠳᠠᠭᠠᠳᠤ ᠮᠣᠩᠭᠣᠯ ᠤ᠋ᠨ ᠬᠠᠷᠢᠶᠠᠲᠤ ᠭᠠᠵᠠᠷ ᠪᠥᠭᠡᠲᠡᠯ᠎ᠡ ᠡᠬᠢᠨ ᠳ᠋ᠦ᠍ᠷ ᠣᠷᠣᠰ ᠤ᠋ᠨ ᠴᠠᠭᠠᠨ ᠨᠠᠮ ᠬᠦᠴᠦᠷᠬᠡᠨ ᠠᠯᠠᠵᠤ᠂ ᠬᠢᠲᠠᠳ ᠮᠣᠩᠭᠣᠯ ᠲᠦᠰᠢᠮᠡᠯ ᠴᠡᠷᠢᠭ ᠯᠦ᠍ᠭᠡ ᠡᠰᠡᠷᠭᠦᠴᠡᠨ ᠪᠠᠢᠯᠳᠤᠭᠰᠠᠭᠠᠷ᠂ ᠡᠴᠦᠰ ᠲᠦ᠍ᠷ ᠤᠯᠠᠭᠠᠨ ᠨᠠᠮ ᠪᠠᠰᠠ ᠤᠷᠭᠤᠨ ᠣᠷᠣᠵᠤ ᠢᠷᠡᠭᠰᠡᠨ ᠳ᠋ᠦ᠍ᠷ ᠰᠢᠢᠳᠬᠡᠨ ᠠᠪᠠᠴᠢᠬᠤ ᠠᠷᠭ᠎ᠠ ᠦᠭᠡᠢ᠂ ᠭᠠᠳᠠᠭᠠᠳᠤ ᠮᠣᠩᠭᠣᠯ ᠤ᠋ᠨ ᠠᠵᠤ ᠠᠬᠤᠢ ᠤᠤᠯ ᠠ᠋ᠴᠠ ᠮᠠᠰᠢ ᠨᠢᠮᠭᠡᠨ᠂ ᠡᠳ᠋ ᠦ᠋ᠨ ᠵᠠᠰᠠᠭ ᠭᠠᠴᠢᠭᠳᠠᠯᠲᠠᠢ(ᠭᠠᠴᠢᠭᠳᠠᠯ ᠲᠠᠢ) ᠲᠤᠯᠠ ᠲᠡᠭᠰᠢᠯᠡᠨ ᠰᠢᠢᠳᠬᠡᠬᠦ ᠠᠷᠭ᠎ᠠ ᠦᠭᠡᠢ᠂ ᠵᠡᠪᠰᠡᠭ ᠬᠣᠪᠣᠷ᠂ ᠴᠡᠷᠢᠭ ᠴᠥᠭᠡᠨ ᠲᠤᠯᠠ᠂ ᠨᠡᠢᠯᠡᠭᠦᠯᠦᠨ ᠬᠡᠷᠡᠭᠯᠡᠬᠦᠢ ᠳ᠋ᠦ᠍ᠷ ᠵᠦᠳᠡᠭᠦᠷᠢᠲᠡᠢ᠃ ᠳᠤᠮᠳᠠᠳᠤ ᠵᠠᠰᠠᠭ ᠤ᠋ᠨ ᠭᠠᠵᠠᠷ ᠵᠦᠢᠯ ᠵᠦᠢᠯ ᠦ᠋ᠨ ᠪᠣᠭᠣᠭᠳᠠᠯ ᠢ᠋ ᠬᠦᠯᠢᠶᠡᠭᠰᠡᠨ ᠤᠴᠢᠷ᠂ ᠮᠥᠨ ᠴᠦ᠍ ᠬᠥᠭᠵᠢᠭᠦᠯᠦᠨ ᠶᠠᠪᠤᠭᠤᠯᠬᠤ ᠦᠨᠡᠨ ᠲᠤᠰᠠ ᠶ᠋ᠢ ᠪᠦᠷᠢᠨ ᠲᠡᠭᠦᠰ ᠢ᠋ᠶ᠋ᠡᠷ ᠬᠢᠴᠢᠶᠡᠵᠦ ᠴᠢᠳᠠᠭᠠᠳᠤᠢ᠂ ᠪᠠᠲᠤᠯᠠᠨ ᠬᠠᠮᠠᠭᠠᠯᠠᠬᠤ ᠡᠭᠦᠷᠭᠡ ᠶ᠋ᠢ ᠬᠦᠯᠢᠶᠡᠭᠰᠡᠨ ᠪᠣᠯᠪᠠᠴᠤ᠂ ᠳᠣᠲᠣᠭᠠᠳᠤ ᠭᠠᠳᠠᠭᠠᠳᠤ ᠶ᠋ᠢᠨ ᠪᠣᠭᠣᠭᠳᠠᠯ ᠡᠢᠨᠬᠦ (ᠡᠢᠨ ᠬᠦ᠌) ᠪᠣᠯᠬᠤ ᠲᠤᠯᠠ ᠮᠠᠨᠠᠢ (ᠮᠠᠨ ᠤ᠋) ᠵᠠᠰᠠᠭ ᠤ᠋ᠨ ᠭᠠᠵᠠᠷ ᠠ᠋ᠴᠠ ᠡᠨᠡ ᠮᠡᠲᠦ ᠪᠠᠢᠳᠠᠯ ᠤᠴᠢᠷ ᠢ᠋ ᠲᠣᠳᠣᠷᠬᠠᠢ ᠪᠠᠷ ᠮᠡᠳᠡᠭᠡᠳ᠂ ᠸᠠᠩ ᠬᠦᠩ᠂ ᠯᠠᠮᠠ ᠨᠠᠷ ᠢ᠋ ᠡᠯᠰᠡᠨ ᠬᠤᠷᠠᠭᠤᠯᠵᠤ᠂ ᠤᠳᠠᠭ᠎ᠠ ᠳᠠᠷᠤᠴᠠ ᠬᠤᠷᠠᠯ ᠨᠡᠭᠡᠭᠡᠨ ᠲᠠᠪᠰᠢᠬᠤ ᠵᠠᠮ ᠤ᠋ᠨ ᠡᠩᠬᠡ ᠲᠦᠭᠰᠢᠭᠦᠷᠢ ᠶ᠋ᠢᠨ ᠠᠰᠠᠭᠤᠯᠲᠠ ᠰᠡᠳᠦᠪ ᠢ᠋ ᠬᠡᠯᠡᠯᠴᠡᠨ ᠲᠠᠰᠤᠯᠬᠤᠢ ᠳ᠋ᠤᠷ᠂ ᠴᠥᠮ ᠣᠢᠷᠠᠬᠢ ᠣᠨ ᠳ᠋ᠤ᠌ ᠳᠤᠮᠳᠠᠳᠤ ᠤᠯᠤᠰ ᠤ᠋ᠨ ᠰᠡᠵᠢᠭ ᠳᠠᠭᠠᠪᠤᠷᠢ ᠪᠦᠷᠢᠨ᠎ᠡ ᠤᠰᠠᠳᠴᠤ᠂ ᠰᠠᠨᠠᠭ᠎ᠠ ᠰᠡᠳᠬᠢᠯ ᠤᠯᠠᠮ ᠢ᠋ᠶ᠋ᠠᠷ ᠨᠠᠢᠷᠠᠮᠳᠠᠬᠤ ᠪᠣᠯᠤᠭᠰᠠᠨ ᠲᠤᠯᠠ ᠡᠭᠦᠷᠢᠳᠡ ᠠᠮᠤᠭᠤᠯᠠᠩ᠂ ᠪᠦᠷᠢᠨ ᠪᠦᠲᠦᠨ ᠪᠣᠯᠬᠤ ᠶ᠋ᠢ ᠪᠣᠳᠣᠪᠠᠰᠤ᠂ ᠪᠠᠰᠠᠬᠦ (ᠪᠠᠰᠠ ᠬᠦ᠌) ᠭᠤᠶᠤᠨ ᠡᠷᠭᠦᠵᠦ ᠥᠪᠡᠷ ᠢ᠋ᠶ᠋ᠡᠨ ᠵᠠᠰᠠᠬᠤ ᠵᠠᠰᠠᠭ ᠤ᠋ᠨ ᠭᠠᠵᠠᠷ ᠢ᠋ ᠤᠰᠠᠳᠬᠠᠨ᠂ ᠤᠷᠢᠳᠠᠬᠢ (ᠤᠷᠢᠳᠬᠢ)ᠴᠢᠩ ᠤᠯᠤᠰ ᠤ᠋ᠨ ᠬᠠᠭᠤᠴᠢᠨ ᠬᠠᠤᠯᠢ ᠶ᠋ᠢ ᠳᠠᠬᠢᠨ ᠣᠯᠵᠤ᠂ ᠠᠯᠢᠪᠠ ᠵᠠᠰᠠᠭ ᠤ᠋ᠨ ᠡᠷᠬᠡ ᠶ᠋ᠢ ᠬᠡᠪ ᠢ᠋ᠶ᠋ᠡᠷ ᠳᠤᠮᠳᠠᠳᠤ ᠵᠠᠰᠠᠭ ᠤ᠋ᠨ ᠭᠠᠵᠠᠷ ᠨᠡᠢᠯᠡᠭᠦᠯᠦᠨ᠂ ᠨᠢᠭᠡᠳᠬᠡᠨ ᠵᠠᠬᠢᠷᠭᠠᠵᠤ ᠦᠨᠡᠨ ᠬᠦᠴᠦᠨ ᠢ᠋ᠶ᠋ᠡᠷ ᠲᠤᠰᠠᠯᠠᠨ ᠲᠡᠩᠬᠡᠷᠡᠭᠦᠯᠬᠦ ᠶ᠋ᠢ ᠪᠦᠭᠦᠳᠡᠭᠡᠷ ᠬᠢᠴᠢᠶᠡᠵᠦ᠂ ᠳᠣᠲᠣᠭᠠᠳᠤ ᠵᠠᠰᠠᠭ ᠢ᠋ ᠲᠡᠭᠰᠢᠳᠬᠡᠨ ᠵᠠᠰᠠᠵᠤ᠂ ᠭᠠᠳᠠᠭᠠᠳᠤ ᠶ᠋ᠢᠨ ᠵᠣᠪᠠᠯᠠᠩ ᠢ᠋ ᠲᠣᠰᠣᠨ ᠰᠡᠷᠭᠡᠢᠯᠡᠬᠦ ᠳ᠋ᠦ᠍ ᠲᠤᠰᠠ ᠪᠣᠯᠭᠠᠪᠠᠰᠤ ᠵᠣᠬᠢᠨ᠎ᠠ ᠬᠡᠮᠡᠬᠦ ᠪᠥᠭᠡᠳ ᠪᠠᠰᠠ ᠴᠤ᠌ ᠪᠣᠭᠳᠠ ᠵᠢᠪᠽᠦ᠋ᠨᠳᠠᠮᠪᠠ ᠬᠤᠲᠤᠭᠲᠤ ᠬᠠᠭᠠᠨᠲᠠᠨᠠ ᠲᠣᠳᠣᠷᠬᠠᠢᠯᠠᠨ ᠠᠢᠯᠠᠳᠬᠠᠭᠰᠠᠨ ᠳ᠋ᠤᠷ ᠴᠥᠮ ᠵᠣᠬᠢᠰᠲᠠᠢ ᠭᠡᠮᠡᠨ ᠵᠥᠪᠰᠢᠶᠡᠷᠡᠵᠡᠢ᠃ ᠭᠠᠭᠴᠠᠬᠦ(ᠭᠠᠭᠴᠠ ᠬᠦ᠌) ᠤᠷᠢᠳᠠᠬᠢ (ᠤᠷᠢᠳᠬᠢ) ᠶ᠋ᠢ ᠴᠡᠭᠡᠷᠯᠡᠵᠦ᠂ ᠬᠣᠵᠢᠮ ᠢ᠋ ᠰᠠᠢᠵᠢᠷᠠᠭᠤᠯᠬᠤ ᠳ᠋ᠤ᠌ ᠡᠷᠬᠡ ᠦᠭᠡᠢ᠂ ᠳᠤᠮᠳᠠᠳᠤ ᠵᠠᠰᠠᠭ ᠤ᠋ᠨ ᠭᠠᠵᠠᠷ ᠪᠠ ᠭᠠᠳᠠᠭᠠᠳᠤ ᠮᠣᠩᠭᠣᠯ ᠤ᠋ᠨ ᠡᠷᠬᠡ ᠬᠡᠮᠵᠢᠶᠡᠨ ᠦ᠌ ᠬᠣᠯᠪᠣᠭᠳᠠᠯ ᠢ᠋ ᠮᠣᠩᠭᠣᠯ ᠭᠠᠵᠠᠷ ᠤ᠋ᠨ ᠪᠠᠢᠳᠠᠯ ᠳᠦᠷᠰᠦ ᠶ᠋ᠢ ᠵᠢᠷᠤᠮᠯᠠᠨ᠂ ᠰᠢᠳᠤᠷᠭᠤ ᠲᠦᠪᠰᠢᠨ ᠢ᠋ᠶ᠋ᠡᠷ ᠨᠢᠭᠡᠨ ᠪᠣᠯᠭᠠᠨ ᠵᠥᠪᠯᠡᠯᠳᠦᠨ ᠲᠣᠭᠲᠠᠭᠠᠵᠤ᠂ ᠬᠣᠢᠴᠢ ᠶ᠋ᠢ ᠰᠠᠢᠵᠢᠷᠠᠭᠤᠯᠬᠤ ᠬᠠᠤᠯᠢ ᠵᠦᠢᠯ ᠢ᠋ ᠳᠤᠮᠳᠠᠳᠤ ᠵᠠᠰᠠᠭ ᠤ᠋ᠨ ᠭᠠᠵᠠᠷ ᠠ᠋ᠴᠠ ᠨᠢᠭᠡᠳᠬᠡᠨ ᠵᠠᠬᠢᠷᠬᠤ ᠬᠡᠷᠡᠭ ᠲᠦ᠍ ᠬᠠᠷᠰᠢᠯᠠᠯ ᠦᠭᠡᠢ ᠪᠠ ᠪᠠᠰᠠᠴᠤ(ᠪᠠᠰᠠ ᠴᠣ)᠂ ᠮᠣᠩᠭᠣᠯᠴᠤᠳ ᠤ᠋ᠨ ᠰᠠᠨᠠᠭᠠᠨ ᠳ᠋ᠤ᠌ ᠲᠠᠪᠠᠲᠠᠶᠠ ᠨᠡᠢᠯᠡᠯᠴᠡᠬᠦ ᠶ᠋ᠢ ᠭᠣᠣᠯ ᠪᠣᠯᠭᠠᠨ ᠰᠢᠢᠳᠬᠡᠪᠡᠰᠦ᠂ ᠰᠠᠶ᠎ᠠ ᠲᠦᠮᠡᠨ ᠦᠶ᠎ᠡ ᠳ᠋ᠦ᠍ ᠬᠦᠷᠲᠡᠯ᠎ᠡ ᠡᠩᠬᠡ ᠲᠦᠪᠰᠢᠨ ᠪᠣᠯᠤᠨ᠂ ᠰᠡᠵᠢᠭ ᠳᠠᠭᠠᠪᠤᠷᠢ ᠥᠳᠥᠭᠡᠭᠳᠡᠬᠦ ᠦᠭᠡᠢ᠂ ᠭᠠᠳᠠᠭᠠᠳᠤ ᠮᠣᠩᠭᠣᠯ ᠳ᠋ᠤ᠌ ᠠᠰᠢᠭ ᠪᠣᠯᠤᠨ᠂ ᠮᠥᠨ ᠴᠦ᠍ ᠤᠯᠤᠰ ᠲᠥᠷᠥ ᠳ᠋ᠦ᠍ ᠪᠤᠶᠠᠨ ᠪᠣᠯᠵᠤ᠂ ᠲᠠᠪᠤᠨ ᠲᠥᠷᠥᠯ ᠪᠦᠭᠦᠳᠡᠭᠡᠷ ᠨᠠᠢᠷᠠᠯᠳᠤᠭᠰᠠᠨ ᠦᠨᠡᠨ ᠢ᠋ ᠢᠯᠡᠳᠬᠡᠵᠦ ᠪᠣᠯᠤᠨ᠎ᠠ᠃ ᠡᠨᠡ ᠢᠨᠦ ᠦᠨᠡᠬᠡᠷ ᠦ᠋ᠨ ᠭᠠᠳᠠᠭᠠᠳᠤ ᠮᠣᠩᠭᠣᠯ ᠤ᠋ᠨ ᠲᠦᠰᠢᠮᠡᠯ ᠠᠷᠠᠳ ᠤ᠋ᠳ ᠤ᠋ᠨ ᠦᠨᠡᠨᠬᠦ(ᠦᠨᠡᠨ ᠬᠦ᠌) ᠰᠠᠨᠠᠭ᠎ᠠ ᠪᠠᠷ ᠬᠦᠰᠡᠨ ᠵᠠᠯᠪᠠᠷᠢᠬᠤ ᠠᠨᠤ ᠪᠣᠯᠠᠢ᠃ ᠵᠢᠴᠢ ᠳᠤᠮᠳᠠᠳᠤ ᠮᠣᠩᠭᠣᠯ ᠤ᠋ᠨ ᠬᠤᠳᠠᠯᠳᠤᠭᠠᠨ ᠤ᠋ ᠭᠡᠷ᠎ᠡ ᠪᠢᠴᠢᠭ ᠪᠠ ᠳᠤᠮᠳᠠᠳᠤ ᠤᠯᠤᠰ ᠤ᠋ᠨ ᠢᠯᠡᠳᠬᠡᠨ ᠭᠠᠷᠭᠠᠭᠰᠠᠨ ᠪᠠ ᠬᠠᠷᠢᠯᠴᠠᠨ ᠰᠣᠯᠢᠯᠴᠠᠭᠰᠠᠨ ᠪᠢᠴᠢᠭ ᠵᠦᠢᠯ ᠦ᠋ᠳ᠂ ᠤᠤᠯ ᠠ᠋ᠴᠠ ᠭᠠᠳᠠᠭᠠᠳᠤ ᠮᠣᠩᠭᠣᠯ ᠥᠪᠡᠷ ᠪᠠᠨ ᠵᠠᠰᠠᠬᠤ ᠶ᠋ᠢᠨ ᠤᠴᠢᠷ ᠲᠣᠭᠲᠠᠭᠠᠭᠰᠠᠨ ᠪᠥᠭᠡᠳ ᠣᠳᠣ ᠥᠪᠡᠷ ᠢ᠋ᠶ᠋ᠡᠨ ᠵᠠᠰᠠᠬᠤ ᠶ᠋ᠢ ᠥᠪᠡᠷ ᠢ᠋ᠶ᠋ᠡᠨ ᠳᠤᠷᠠᠲᠠᠶ᠎ᠠ ᠤᠰᠠᠳᠬᠠᠭᠰᠠ ᠶ᠋ᠢᠨ ᠲᠤᠯᠠᠳᠠ᠂ ᠲᠡᠷᠡᠬᠦ ᠭᠡᠷ᠎ᠡ ᠪᠢᠴᠢᠭ ᠦ᠋ᠨ ᠵᠡᠷᠭᠡ ᠵᠦᠢᠯ ᠦ᠋ᠨ ᠬᠦᠴᠦᠨ ᠲᠡᠭᠦᠯᠳᠡᠷ ᠦᠭᠡᠢ ᠪᠣᠯᠤᠭᠰᠠᠨ ᠶᠠᠪᠤᠳᠠᠯ ᠢ᠋ ᠵᠦᠢ ᠢᠨᠦ ᠲᠣᠳᠣᠷᠬᠠᠢᠯᠠᠨ ᠭᠠᠷᠭᠠᠪᠠᠰᠤ ᠵᠣᠬᠢᠮᠤᠢ᠃ ᠲᠡᠭᠦᠨ ᠡᠴᠡ ᠣᠷᠣᠰ ᠤ᠋ᠨ ᠬᠤᠳᠠᠯᠳᠤᠭᠠᠨ ᠤ᠋ ᠬᠡᠷᠡᠭ ᠢ᠋ ᠬᠣᠢᠴᠢ ᠡᠳᠦᠷ ᠣᠷᠣᠰ ᠤ᠋ᠨ ᠰᠢᠨ᠎ᠡ ᠨᠢᠭᠡᠳᠬᠡᠨ ᠵᠠᠬᠢᠷᠬᠤ ᠵᠠᠰᠠᠭ ᠤ᠋ᠨ ᠭᠠᠵᠠᠷ ᠢ᠋ ᠪᠠᠢᠭᠤᠯᠤᠭᠰᠠᠨ ᠤ᠋ ᠬᠣᠢᠨ᠎ᠠ ᠳᠤᠮᠳᠠᠳᠤ ᠵᠠᠰᠠᠭ ᠤ᠋ᠨ ᠭᠠᠵᠠᠷ ᠠ᠋ᠴᠠ ᠡᠭᠦᠷᠭᠡ ᠶ᠋ᠢ ᠬᠦᠯᠢᠶᠡᠨ᠂ ᠥᠪᠡᠷ ᠢ᠋ᠶ᠋ᠡᠨ ᠬᠡᠯᠡᠯᠴᠡᠨ ᠲᠣᠭᠲᠠᠭᠠᠵᠤ ᠠᠢᠯ ᠤᠯᠤᠰ ᠤ᠋ᠨ ᠨᠠᠢᠷᠠᠮᠳᠠᠯ ᠢ᠋ ᠪᠠᠲᠤᠳᠬᠠᠨ᠂ ᠡᠷᠬᠡ ᠠᠰᠢᠭ ᠢ᠋ ᠪᠠᠲᠤᠯᠠᠬᠤ ᠠᠵᠢᠶᠠᠮᠤ᠃ ᠡᠢᠮᠦ ᠶ᠋ᠢᠨ ᠲᠤᠯᠠ ᠥᠪᠡᠷ ᠢ᠋ᠶ᠋ᠡᠨ ᠵᠠᠰᠠᠬᠤ ᠵᠠᠰᠠᠭ ᠤ᠋ᠨ ᠭᠠᠵᠠᠷ ᠢ᠋ ᠦᠭᠡ ᠨᠡᠢᠯᠡᠯᠳᠦᠨ ᠳᠤᠷᠠᠲᠠᠶ᠎ᠠ ᠤᠰᠠᠳᠬᠠᠵᠤ᠂ ᠤᠷᠢᠳᠠᠬᠢ ᠴᠢᠩ ᠤᠯᠤᠰ ᠤ᠋ᠨ ᠬᠠᠭᠤᠴᠢᠨ ᠬᠠᠤᠯᠢ ᠶ᠋ᠢ ᠳᠠᠬᠢᠨ ᠬᠦᠯᠢᠶᠡᠵᠦ᠂ ᠳᠤᠮᠳᠠᠳᠤ ᠵᠠᠰᠠᠭ ᠤ᠋ᠨ ᠭᠠᠵᠠᠷ ᠠ᠋ᠴᠠ ᠭᠠᠳᠠᠭᠠᠳᠤ ᠮᠣᠩᠭᠣᠯ ᠢ᠋ ᠬᠦᠨᠳᠦᠳᠬᠡᠨ ᠦᠵᠡᠬᠦ ᠪᠠ ᠬᠣᠢᠴᠢ ᠶ᠋ᠢ ᠰᠠᠢᠵᠢᠷᠠᠭᠤᠯᠬᠤ ᠬᠠᠤᠯᠢ ᠵᠦᠢᠯ ᠢ᠋ ᠲᠣᠭᠲᠠᠭᠠᠬᠤ ᠶ᠋ᠢ ᠭᠤᠶᠤᠵᠤ᠂ ᠡᠯ᠎ᠡ ᠤᠴᠢᠷ ᠵᠦᠢ ᠶ᠋ᠢ ᠢᠨᠦ ᠡᠷᠭᠦᠳᠡᠯ ᠪᠢᠴᠢᠵᠦ ᠬᠢᠴᠢᠶᠡᠩᠭᠦᠢᠯᠡᠨ ᠡᠷᠭᠦᠭᠡᠳ ᠭᠤᠶᠤᠬᠤ ᠠᠨᠤ᠂ ᠶᠡᠬᠡ ᠽᠦᠩᠲ᠋ᠦ᠋ᠩ ᠲᠣᠯᠢᠯᠠᠨ ᠵᠥᠪᠰᠢᠶᠡᠷᠡᠵᠦ᠂ ᠵᠢᠭᠠᠨ ᠰᠤᠷᠭᠠᠬᠤ ᠶ᠋ᠢ ᠲᠡᠰᠬᠡᠯ ᠦᠭᠡᠢ ᠶᠠᠭᠠᠷᠠᠨ ᠬᠦᠯᠢᠶᠡᠵᠦ ᠪᠣᠢ᠃ ᠡᠭᠦᠨᠦ ᠲᠤᠯᠠ᠂ ᠬᠢᠴᠢᠶᠡᠩᠭᠦᠢᠯᠡᠨ ᠡᠷᠭᠦᠪᠡ》 ᠭᠡᠵᠦ ᠲᠡᠷᠡ ᠭᠤᠶᠤᠨ ᠤᠰᠠᠳᠬᠠᠬᠤ ᠪᠢᠴᠢᠭ ᠢ᠋ ᠠᠯᠵᠢᠶᠠᠨ ᠤᠩᠰᠢᠵᠤ ᠲᠡᠭᠦᠰᠬᠡᠪᠡᠰᠦ᠂ ᠳᠣᠣᠷᠠᠲᠤ ᠬᠤᠷᠠᠯ ᠤ᠋ᠨ ᠲᠣᠮᠣ ᠭᠡᠷ ᠲᠦ᠍ ᠴᠢᠪ ᠴᠢᠮᠡᠭᠡ ᠦᠭᠡᠢ ᠪᠠᠢᠭᠰᠠᠨ ᠨᠢ ᠭᠡᠨᠡᠳᠲᠡ ᠵᠦᠭ ᠵᠦᠭ ᠡᠴᠡ ᠬᠥᠮᠦᠨ ᠪᠤᠷᠤᠭᠤᠰᠢᠶᠠᠨ ᠡᠰᠡᠷᠭᠦᠴᠡᠵᠦ᠂ ᠬᠣᠷᠣᠰᠤᠨ ᠬᠠᠰᠬᠢᠷᠤᠯᠳᠤᠭᠰᠠᠨ ᠨᠢ᠂
— ᠡᠨᠡ ᠤᠷᠪᠠᠨ ᠲᠡᠷᠰᠯᠡᠭᠰᠡᠨ ᠬᠡᠷᠡᠭ! ᠵᠠᠰᠠᠭ ᠤ᠋ᠨ ᠡᠷᠬᠡ ᠪᠠᠷᠢᠭᠴᠢᠳ᠂ ᠤᠯᠤᠰ ᠢ᠋ᠶ᠋ᠠᠨ ᠬᠤᠳᠠᠯᠳᠤᠵᠠᠢ! ᠪᠢᠳᠡ ᠬᠢᠲᠠᠳ ᠲᠠᠢ ᠡᠷᠡᠭᠴᠢᠨ ᠡᠮᠡᠭᠴᠢᠨ ᠢ᠋ᠶ᠋ᠡᠨ ᠦᠵᠡᠯᠴᠡᠨᠡ! ᠪᠣᠭᠣᠯ ᠤ᠋ᠨ ᠪᠣᠭᠣᠯ ᠪᠣᠯᠤᠭᠰᠠᠨ ᠠ᠋ᠴᠠ ᠦᠬᠦᠭᠰᠡᠨ ᠨᠢ ᠳᠡᠭᠡᠷ᠎ᠡ ᠭᠡᠵᠦ ᠬᠠᠰᠬᠢᠷᠤᠯᠳᠤᠪᠠ᠃
ᠶᠡᠷᠦᠩᠬᠡᠢ ᠰᠠᠢᠳ ᠤ᠋ᠨ ᠥᠲᠡᠯᠵᠦ ᠬᠣᠩᠬᠣᠢᠭᠰᠠᠨ ᠬᠠᠴᠠᠷ ᠲᠠᠢ ᠨᠢᠭᠤᠷ ᠨᠢ ᠭᠡᠨᠡᠳᠲᠡ ᠰᠤᠨᠠᠵᠤ(ᠰᠤᠨᠵᠤ)᠂ ᠰᠠᠭᠰᠠᠭᠠᠷ ᠪᠤᠭᠤᠷᠤᠯ ᠬᠥᠮᠥᠰᠬᠡ ᠨᠢ ᠳᠡᠭᠡᠭᠰᠢ ᠪᠡᠨ ᠶᠡᠬᠡ ᠱᠠᠪᠢ ᠶ᠋ᠢᠨ ᠡᠷᠳᠡᠨᠢ ᠱᠠᠩᠵᠠᠪ ᠤ᠋ᠨ ᠠᠯᠪᠠᠨ ᠲᠤᠰᠢᠶᠠᠯ ᠶᠠᠪᠤᠭᠤᠯᠬᠤ ᠦᠶᠡᠰ ᠡᠮᠦᠰᠬᠦ ᠬᠢᠯᠢᠩ ᠮᠠᠯᠠᠭᠠᠢ ᠶ᠋ᠢᠨ ᠥᠭᠡᠳᠡ ᠰᠦᠬᠡᠢᠵᠦ᠂ ᠰᠡᠢᠷᠡᠭ ᠪᠤᠭᠤᠷᠤᠯ ᠰᠠᠬᠠᠯ ᠨᠢ ᠰᠠᠷᠪᠠᠢᠵᠤ᠂ ᠨᠠᠷᠢᠨ ᠤᠷᠤᠭᠤᠯ ᠵᠢᠮᠡᠢᠭᠡᠳ ᠨᠢᠳᠦᠨ᠎ᠡ ᠠᠭᠤᠷ ᠰᠢᠳᠡᠨ ᠭᠢᠯᠠᠯᠵᠠᠪᠠ᠃
ᠠᠩᠭᠠᠢᠨ ᠪᠠᠷᠬᠢᠷᠠᠵᠤ ᠪᠠᠢᠭ᠎ᠠ ᠣᠯᠠᠨ ᠠᠮᠠ ᠶ᠋ᠢ ᠰᠢᠷᠪᠠᠨ ᠬᠠᠷᠠᠭᠠᠳ ᠲᠡᠷᠡ ᠡᠵᠡᠷᠬᠡᠭ ᠡᠪᠦᠭᠡᠨ ᠪᠠᠷᠠᠭᠤᠨ ᠭᠠᠷ ᠢ᠋ᠶ᠋ᠠᠨ ᠡᠷᠭᠦᠵᠦ᠂ ᠨᠢᠳᠦᠨ ᠳ᠋ᠦ᠍ ᠦᠯᠦ ᠦᠵᠡᠭᠳᠡᠬᠦ ᠶᠠᠮᠠᠷᠬᠠᠨ ᠨᠢᠭᠡ ᠶᠠᠭᠤᠮ᠎ᠠ ᠶ᠋ᠢ ᠳᠣᠭᠣᠭᠰᠢ ᠬᠦᠴᠦᠯᠡᠨ ᠳᠠᠷᠤᠬᠤ ᠠᠳᠠᠯᠢ ᠬᠡᠳᠦ ᠳᠠᠬᠢᠨ ᠳᠣᠭᠣᠭᠰᠢ ᠳᠠᠷᠤᠨ ᠵᠠᠩᠭᠠᠵᠤ᠂ ᠳᠠᠭᠤᠨ ᠴᠢᠮᠡᠭᠡ ᠠᠶᠠᠳᠠᠬᠤ ᠶ᠋ᠢ ᠳᠣᠬᠢᠶ᠎ᠠ ᠪᠠᠷ ᠰᠢᠪᠳᠠᠨ ᠱᠠᠭᠠᠷᠳᠠᠵᠤ᠂ ᠪᠠᠭᠠᠬᠠᠨ ᠨᠠᠮ ᠪᠣᠯᠣᠮᠠᠭᠴᠠ ᠥᠭᠦᠯᠡᠷᠦᠨ᠂
— ᠴᠠᠭ ᠮᠠᠰᠢ ᠳᠠᠪᠴᠢ ᠲᠤᠯᠠ ᠰᠠᠨᠠᠯ ᠬᠡᠯᠡᠬᠦ ᠬᠥᠮᠦᠨ ᠪᠢᠲᠡᠭᠡᠢ ᠳᠠᠪᠬᠤᠷᠳᠠ᠃ ᠥᠪᠡᠷᠲᠡᠭᠡᠨ ᠵᠠᠰᠠᠬᠤ ᠡᠷᠬᠡ ᠶ᠋ᠢ ᠭᠤᠶᠤᠨ ᠤᠰᠠᠳᠬᠠᠬᠤ ᠪᠢᠴᠢᠭ ᠢ᠋ ᠵᠥᠪᠰᠢᠶᠡᠷᠡᠬᠦ ᠬᠥᠮᠦᠨ ᠪᠠᠢᠨᠠᠤ? (ᠪᠠᠢᠨ᠎ᠠ ᠤᠤ?)
— ᠪᠠᠢᠨ᠎ᠠ! ᠭᠡᠵᠦ ᠭᠠᠭᠴᠠ ᠬᠥᠮᠦᠨ ᠰᠤᠯᠠᠬᠠᠨ ᠰᠢᠭ᠋ ᠳᠤᠤᠭᠠᠷᠤᠭᠰᠠᠨ ᠨᠢ ᠣᠯᠠᠨ ᠤ᠋ ᠠᠭᠤᠷᠰᠠᠨ ᠡᠰᠡᠷᠭᠦᠴᠡᠬᠦ ᠳᠠᠭᠤᠨ ᠳ᠋ᠤ᠌ ᠳᠠᠷᠤᠭᠳᠠᠪᠠ᠃ ᠳᠣᠣᠷᠠᠲᠤ ᠬᠤᠷᠠᠯ ᠤ᠋ᠨ ᠭᠡᠰᠢᠭᠦᠳ ᠨᠢᠭᠡ ᠨᠢᠭᠡ ᠪᠡᠷ ᠪᠣᠰᠴᠤ ᠦᠭᠡ ᠬᠡᠯᠡᠬᠦ ᠳ᠋ᠡᠭᠡᠨ᠂ ᠴᠥᠮ ᠲᠤᠯᠭᠠᠬᠤ ᠪᠢᠴᠢᠭ ᠢ᠋ ᠬᠦᠯᠢᠶᠡᠬᠦ ᠦᠭᠡᠢ ᠡᠭᠡᠭᠦᠯᠵᠦ᠂ ᠬᠦᠴᠦᠨ ᠢ᠋ᠶ᠋ᠡᠷ ᠲᠦᠷᠢᠮᠡᠬᠡᠢᠯᠡᠬᠦ ᠬᠠᠷᠭᠢᠰ ᠴᠡᠷᠢᠭ ᠦ᠋ᠨ ᠡᠷᠬᠡᠲᠡᠨ ᠢ᠋ ᠤᠯᠤᠰ ᠠ᠋ᠴᠠ ᠬᠥᠭᠡᠭᠡᠨ ᠵᠠᠢᠯᠠᠭᠤᠯᠤᠶᠠ ᠭᠡᠵᠦ ᠰᠠᠨᠠᠯ ᠭᠠᠷᠭᠠᠪᠠ᠃ ᠬᠦᠷᠢᠶᠡᠨ ᠦ᠌ ᠬᠠᠮᠠᠭᠠᠯᠠᠬᠤ ᠴᠡᠷᠢᠭ ᠦ᠋ᠨ ᠳᠠᠷᠤᠭ᠎ᠠ ᠨᠠᠷ᠂ ᠪᠢᠳᠡᠨ ᠦ᠌ ᠴᠡᠷᠢᠭ ᠳᠠᠷᠤᠭ᠎ᠠ ᠴᠥᠮ ᠬᠠᠯᠠᠭᠤᠨ ᠠᠮᠢ᠂ ᠪᠦᠯᠢᠶᠡᠨ ᠴᠢᠰᠤ ᠪᠠᠨ ᠬᠠᠢᠷᠠᠯᠠᠬᠤ ᠦᠭᠡᠢ᠂ ᠳᠠᠢᠰᠤᠨ ᠲᠠᠢ ᠳᠠᠯᠠᠢᠭᠰᠠᠨ ᠰᠡᠯᠡᠮ᠎ᠡ᠂ ᠱᠠᠭᠠᠢᠭᠰᠠᠨ ᠫᠤᠤ ᠠ᠋ᠴᠠ ᠬᠠᠯᠲᠤᠷᠢᠬᠤ ᠦᠭᠡᠢ ᠪᠠᠢᠯᠳᠤᠬᠤ ᠳ᠋ᠤ᠌ ᠪᠡᠶ᠎ᠡ ᠵᠡᠪᠰᠡᠭ ᠪᠡᠯᠡᠬᠡᠨ ᠭᠡᠵᠦ ᠢᠯᠡᠷᠬᠡᠢᠯᠡᠪᠡ᠃
ᠪᠠᠳᠮᠠᠳᠣᠷᠵᠢ᠂ ᠬᠡᠳᠦᠨ ᠬᠥᠮᠦᠨ ᠦ᠌ ᠲᠡᠢᠨᠬᠦ ᠰᠠᠨᠠᠯ ᠢᠯᠡᠷᠬᠡᠢᠯᠡᠭᠰᠡᠨ ᠢ᠋ ᠰᠣᠨᠣᠰᠤᠭᠠᠳ᠂ ᠬᠠᠷᠢᠭᠤ ᠦᠭᠡ ᠬᠡᠯᠡᠬᠦ ᠳ᠋ᠡᠭᠡᠨ᠂ ᠭᠤᠶᠤᠨ ᠤᠰᠠᠳᠬᠠᠬᠤ ᠪᠢᠴᠢᠭ ᠢ᠋ ᠡᠰᠡᠷᠭᠦᠴᠡᠭᠰᠡᠨ ᠳᠣᠣᠷᠠᠲᠤ ᠬᠤᠷᠠᠯ ᠤ᠋ᠨ ᠭᠡᠰᠢᠭᠦᠳ ᠢ᠋ ᠶᠡᠬᠡᠯ᠎ᠡ (ᠶᠡᠬᠡ ᠯᠡ) ᠪᠤᠷᠤᠭᠤᠰᠢᠶᠠᠨ ᠥᠭᠦᠯᠡᠷᠦᠨ᠂
— ᠲᠠ ᠨᠠᠷ ᠶᠡᠬᠡᠯ᠎ᠡ ᠣᠮᠣᠭᠲᠠᠢ᠂ ᠳᠠᠢᠴᠢᠨ ᠵᠣᠷᠢᠭᠲᠠᠢ ᠪᠣᠯᠤᠯᠲᠠᠢ᠃ ᠠᠮᠠ ᠪᠠᠷ ᠪᠠᠭᠠᠲᠤᠷᠯᠠᠬᠤ ᠡᠷ᠎ᠡ ᠡᠨᠳᠡ ᠣᠯᠠᠨ ᠪᠠᠢᠭ᠎ᠠ ᠦᠵᠡᠭᠳᠡᠵᠦ ᠪᠠᠢᠨ᠎ᠠ᠃ ᠭᠡᠪᠡᠴᠦ ᠲᠠ ᠨᠠᠷ ᠥᠴᠦᠬᠡᠨ ᠲᠡᠳᠦᠢ ᠪᠣᠳᠣᠵᠤ ᠦᠵᠡ᠃ ᠵᠡᠪᠰᠡᠭ ᠪᠡᠯᠡᠨ ᠭᠡᠵᠦ ᠡᠨᠳᠡ ᠳᠣᠯᠣᠭᠠᠨ ᠦᠬᠡᠷ ᠫᠤᠤ᠂ ᠶᠢᠰᠦᠨ ᠮᠢᠩᠭᠠᠨ ᠫᠤᠤ ᠪᠣᠢ ᠭᠡᠵᠦ ᠭᠠᠢᠬᠠᠭᠤᠯᠵᠤ ᠪᠠᠢᠭ᠎ᠠ ᠨᠢ ᠥᠪᠡᠷᠲᠡᠭᠡᠨ ᠵᠠᠰᠠᠬᠤ ᠡᠷᠬᠡ ᠶ᠋ᠢ ᠶᠠᠪᠤᠭᠤᠯᠤᠭᠰᠠᠭᠠᠷ ᠶᠢᠰᠦᠨ ᠵᠢᠯ ᠦ᠋ᠨ ᠲᠤᠷᠰᠢ ᠰᠠᠢ᠍ᠢ ᠣᠯᠵᠤ᠂ ᠨᠡᠢᠰᠯᠡᠯ ᠬᠦᠷᠢᠶᠡᠨ ᠳ᠋ᠦ᠍ ᠬᠠᠳᠠᠭᠠᠯᠠᠵᠤ ᠪᠠᠢᠭ᠎ᠠ ᠵᠡᠪᠰᠡᠭ ᠪᠥᠭᠡᠳ ᠨᠡᠢᠰᠯᠡᠯ ᠦ᠋ᠨ ᠡᠳᠦᠭᠡ ᠪᠣᠢ ᠴᠡᠷᠢᠭ᠂ ᠲᠡᠷᠡ ᠫᠤᠤ ᠠ᠋ᠴᠠ ᠬᠡᠳᠦᠨ ᠳᠠᠪᠬᠤᠷ ᠴᠥᠭᠡᠨ ᠲᠣᠭᠠᠲᠠᠢ᠃ ᠭᠡᠲᠡᠯ᠎ᠡ ᠬᠦᠷᠢᠶᠡᠨ ᠳ᠋ᠦ᠍ ᠣᠳᠣ ᠢᠷᠡᠭᠡᠳ ᠪᠠᠢᠭ᠎ᠠ ᠬᠢᠲᠠᠳ ᠴᠡᠷᠢᠭ ᠲᠦᠮᠡ ᠰᠢᠬᠠᠮ ᠪᠠᠢᠭ᠎ᠠ ᠨᠢ ᠶᠠᠪᠠᠭᠠᠨ ᠴᠡᠷᠢᠭ᠂ ᠮᠣᠷᠢᠨ ᠴᠡᠷᠢᠭ᠂ ᠶᠡᠬᠡ ᠫᠤᠤ ᠶ᠋ᠢᠨ ᠴᠡᠷᠢᠭ ᠪᠦᠷᠢᠨ ᠪᠣᠢ᠃ ᠣᠷᠣᠰ ᠤᠯᠤᠰ ᠪᠢᠳᠡᠨ ᠳ᠋ᠦ᠍ ᠲᠤᠰᠠᠯᠠᠵᠤ ᠴᠢᠳᠠᠬᠤ ᠦᠭᠡᠢ ᠪᠣᠯᠤᠭᠠᠳ ᠪᠠᠢᠭ᠎ᠠ᠃ ᠡᠢᠮᠦ ᠳ᠋ᠦ᠍ ᠪᠢᠳᠡ᠂ ᠬᠡᠷᠬᠢᠪᠡᠰᠦ ᠵᠣᠬᠢᠬᠤ ᠶ᠋ᠢ ᠨᠢᠭᠡᠨ ᠳᠠᠰᠢ(ᠲᠡᠢᠰᠢ) ᠲᠠᠰᠤᠯᠤᠨ ᠰᠢᠢᠳᠬᠡᠬᠦ ᠬᠡᠷᠡᠭ ᠲᠡᠢ᠃ ᠨᠢᠭᠡ ᠪᠥᠭᠡᠰᠦ ᠪᠢᠳᠡ᠂ ᠥᠪᠡᠷᠲᠡᠭᠡᠨ ᠵᠠᠰᠠᠬᠤ ᠡᠷᠬᠡ ᠶ᠋ᠢ ᠰᠠᠢᠨ ᠳᠤᠷ᠎ᠠ ᠪᠠᠷ ᠭᠤᠶᠤᠨ ᠤᠰᠠᠳᠬᠠᠭᠠᠳ ᠱᠠᠰᠢᠨ ᠦᠨᠳᠦᠰᠦ ᠪᠡᠨ ᠪᠦᠲᠦᠨ ᠪᠦᠷᠢᠨ ᠠᠪᠴᠤ ᠦᠯᠡᠳᠡᠭᠡᠳ᠂ ᠮᠠᠨᠠᠢ (ᠮᠠᠨ ᠤ᠋) ᠬᠠᠭᠠᠨ ᠵᠠᠰᠠᠭ ᠨᠣᠶᠠᠳ ᠤ᠋ᠨ ᠡᠷᠬᠡ ᠶᠠᠩᠪᠠ( ᠶᠠᠮᠪᠠ)᠂ ᠬᠠᠷᠠᠴᠤ ᠠᠷᠠᠳ ᠤ᠋ᠨ ᠠᠮᠢ ᠬᠥᠷᠥᠩᠭᠡ ᠶ᠋ᠢ ᠬᠡᠪ ᠢ᠋ᠶ᠋ᠡᠷ ᠦᠯᠡᠳᠡᠭᠡᠵᠦ ᠴᠢᠳᠠᠨ᠎ᠠ᠃ ᠨᠢᠭᠡ ᠪᠥᠭᠡᠰᠦ᠂ ᠪᠢᠳᠡᠨ ᠢ᠋ ᠬᠦᠴᠦ ᠪᠡᠷ ᠤᠰᠠᠳᠬᠠᠭᠠᠳ᠂ ᠦᠯᠡᠳᠡᠭᠰᠡᠨ ᠳ᠋ᠦ᠍ᠨᠢ( ᠳ᠋ᠦ᠍ ᠨᠢ) ᠳᠡᠢᠯᠦᠭᠰᠡᠨ ᠡᠲᠡᠭᠡᠳ ᠦ᠋ᠨ ᠶᠠᠭᠤ ᠲᠤᠯᠭᠠᠭᠰᠠᠨ ᠢ᠋ ᠴᠥᠮ ᠬᠦᠯᠢᠶᠡᠯᠭᠡᠨ ᠲᠤᠯᠭᠠᠬᠤ ᠳ᠋ᠤ᠌ ᠬᠦᠷᠦᠨ᠎ᠡ᠃ ᠪᠠᠢᠳᠠᠯ ᠡᠢᠮᠦ ᠳ᠋ᠦ᠍ ᠂ ᠡᠰᠡᠷᠭᠦᠴᠡᠪᠡᠯ ᠤᠬᠠᠭᠠᠨ ᠦᠭᠡᠢ ᠲᠡᠨᠡᠭ ᠦ᠋ᠨ ᠲᠤᠢᠯ ᠪᠣᠯᠤᠨ᠎ᠠ᠃ ᠬᠡᠷᠪᠡ ᠳᠣᠣᠷᠠᠲᠤ ᠬᠤᠷᠠᠯ ᠤ᠋ᠨ ᠭᠡᠰᠢᠭᠦᠳ ᠰᠠᠨᠠᠭ᠎ᠠ ᠪᠠᠨ ᠬᠠᠯᠠᠬᠤ ᠦᠭᠡᠢ ᠪᠣᠯ ᠲᠠ ᠪᠦᠭᠦᠳᠡ ᠶ᠋ᠢᠨ ᠳᠤᠷ᠎ᠠ ᠶ᠋ᠢᠨ ᠬᠡᠷᠡᠭ᠃ ᠳᠣᠣᠷᠠᠲᠤ ᠬᠤᠷᠠᠯ ᠳ᠋ᠤ᠌ ᠭᠤᠶᠤᠨ ᠤᠰᠠᠳᠬᠠᠬᠤ ᠪᠢᠴᠢᠭ ᠢ᠋ ᠬᠡᠯᠡᠯᠴᠡᠨ ᠵᠥᠪᠯᠡᠯᠳᠦᠵᠦ ᠲᠡᠭᠦᠰᠪᠡ ᠭᠡᠵᠦ ᠪᠢ ᠦᠵᠡᠨ᠎ᠡ᠃ ᠡᠨᠡ ᠣᠨᠴᠠ ᠲᠡᠪᠴᠢ ᠴᠠᠭ ᠢ᠋ᠶ᠋ᠠᠷ ᠤᠯᠤᠰ ᠤ᠋ᠨ ᠳᠡᠭᠡᠳᠦ ᠬᠤᠷᠠᠯ᠂ ᠪᠣᠭᠳᠠ ᠬᠠᠭᠠᠨ᠂ ᠡᠨᠡ ᠲᠤᠬᠠᠢ ᠱᠠᠰᠢᠨ ᠠᠮᠢᠲᠠᠨ ᠤ᠋ ᠲᠤᠰᠠ ᠶ᠋ᠢ ᠪᠣᠳᠣᠵᠤ ᠤᠭ ᠬᠡᠷᠡᠭ ᠢ᠋ ᠮᠡᠷᠭᠡᠨ ᠢ᠋ᠶ᠋ᠡᠷ ᠲᠣᠯᠢᠳᠠᠨ ᠲᠠᠰᠤᠯᠬᠤ ᠪᠣᠯᠤᠨ᠎ᠠ ᠭᠡᠳ ᠬᠤᠷᠠᠯ ᠤ᠋ᠨ ᠭᠡᠷ ᠡᠴᠡ ᠭᠠᠷᠴᠤ᠂ ᠳᠡᠭᠡᠳᠦ ᠬᠤᠷᠠᠯ ᠳ᠋ᠤ᠌ ᠣᠷᠣᠪᠠ᠃
ᠳᠡᠭᠡᠳᠦ ᠬᠤᠷᠠᠯ ᠤ᠋ᠨ ᠨᠣᠶᠠᠳ ᠰᠠᠢᠳ ᠴᠥᠮ ᠨᠢᠭᠡᠨ ᠰᠡᠳᠬᠢᠯ ᠢ᠋ᠶ᠋ᠡᠷ ᠲᠡᠷᠡ ᠭᠤᠶᠤᠨ ᠤᠰᠠᠳᠬᠠᠬᠤ ᠪᠢᠴᠢᠭ ᠢ᠋ ᠪᠠᠲᠤᠯᠠᠵᠤ᠂ ᠪᠠᠳᠮᠠᠳᠣᠷᠵᠢ ᠲᠡᠷᠢᠭᠦᠲᠡᠢ ᠠᠷᠪᠠᠨ ᠵᠢᠷᠭᠤᠭᠠᠨ ᠰᠠᠢᠳ ᠨᠣᠶᠠᠳ᠂ ᠲᠤᠰ ᠲᠤᠰ ᠤ᠋ᠨ ᠶᠠᠮᠤᠨ ᠤ᠋ ᠲᠠᠮᠠᠭ᠎ᠠ ᠳᠠᠷᠤᠵᠤ᠂ ᠭᠠᠷ ᠤ᠋ᠨ ᠦᠰᠦᠭ ᠵᠢᠷᠤᠪᠠ᠃ ᠬᠠᠭᠠᠨ ᠪᠠᠰᠠ ᠮᠣᠳᠣᠷ ᠤ᠋ᠨ ᠲᠡᠮᠳᠡᠭ ᠳᠠᠷᠤᠵᠤ᠂ ᠬᠠᠷᠢᠶᠠᠲᠤ ᠣᠯᠠᠨ ᠰᠠᠢᠳ ᠤ᠋ᠨ ᠦᠰᠦᠭ ᠵᠢᠷᠤᠭᠰᠠᠨ ᠢ᠋ ᠪᠠᠲᠤᠯᠠᠪᠠ᠃ ᠮᠣᠩᠭᠣᠯ ᠤᠯᠤᠰ᠂ ᠳ᠋ᠤᠸᠠᠨ ᠴᠢ ᠿᠦᠢ ᠶ᠋ᠢᠨ ᠬᠠᠷᠭᠢᠰ ᠪᠦᠯᠦᠭᠯᠡᠯ ᠦ᠋ᠨ ᠬᠢᠲᠠᠳ ᠴᠡᠷᠢᠭ ᠦ᠋ᠨ ᠡᠷᠬᠡᠲᠡᠨ ᠦ᠌ ᠬᠥᠯ ᠦ᠋ᠨ ᠳᠣᠣᠷ᠎ᠠ ᠭᠢᠰᠬᠢᠭᠳᠡᠬᠦ ᠪᠣᠯᠪᠠ᠃
ᠰᠢᠦᠢ ᠨᠣᠶᠠᠨ᠂ ᠪᠣᠭᠳᠠ ᠬᠠᠭᠠᠨ᠂ ᠣᠯᠠᠨ ᠰᠠᠢᠳ ᠨᠣᠶᠠᠳ ᠤ᠋ᠨ ᠨᠣᠮᠣᠬᠠᠨ ᠳᠥᠯᠭᠡᠨ ᠢ᠋ᠶ᠋ᠡᠷ ᠳᠠᠭᠠᠭᠰᠠᠨ ᠳ᠋ᠤ᠌ ᠪᠠᠬ᠎ᠠ ᠲᠠᠪᠠ ᠬᠠᠨᠵᠤ᠂ ᠡᠯ᠎ᠡ ᠤᠴᠢᠷ ᠢ᠋ ᠶᠡᠷᠦᠩᠬᠡᠢᠯᠡᠭᠴᠢ ᠳ᠋ᠦ᠍ ᠠᠢᠯᠠᠳᠬᠠᠬᠤ ᠪᠠᠷ ᠪᠡᠭᠡᠵᠢᠩ ᠣᠷᠣᠪᠠ᠃ ᠴᠢᠩᠭᠢᠭᠡᠳ ᠮᠥᠨ ᠣᠨ ᠤ᠋ ᠡᠪᠦᠯ ᠦ᠋ᠨ ᠲᠡᠷᠢᠭᠦᠨ ᠰᠠᠷ᠎ᠠ ᠳ᠋ᠤ᠌ ᠶᠡᠬᠡ ᠶᠡᠷᠦᠩᠬᠡᠢᠯᠡᠭᠴᠢ ᠡᠴᠡ ᠸᠠᠩ ᠬᠦᠩ᠂ ᠳᠡᠭᠡᠳᠦ ᠯᠠᠮᠠ ᠨᠠᠷ ᠤ᠋ᠨ ᠭᠤᠶᠤᠨ ᠤᠰᠠᠳᠬᠠᠬᠤ ᠪᠢᠴᠢᠭ ᠢ᠋ ᠬᠦᠯᠢᠶᠡᠨ ᠲᠣᠭᠲᠠᠭᠠᠵᠤ᠂ ᠭᠠᠳᠠᠭᠠᠳᠤ ᠮᠣᠩᠭᠣᠯ ᠤ᠋ᠨ ᠥᠪᠡᠷᠲᠡᠭᠡᠨ ᠵᠠᠰᠠᠬᠤ ᠡᠷᠬᠡ ᠶ᠋ᠢ ᠤᠰᠠᠳᠬᠠᠭᠰᠠᠨ ᠲᠤᠬᠠᠢ ᠵᠠᠷᠯᠠᠨ ᠨᠡᠢᠲᠡᠯᠡᠵᠦ᠂ ᠬᠠᠭᠠᠨ ᠳ᠋ᠤ᠌ ᠶᠡᠷᠦᠩᠬᠡᠢᠯᠡᠭᠴᠢ ᠶ᠋ᠢᠨ ᠵᠠᠷᠯᠢᠭ ᠢ᠋ᠶ᠋ᠠᠷ《ᠭᠠᠳᠠᠭᠠᠳᠤ ᠮᠣᠩᠭᠣᠯ ᠤ᠋ᠨ ᠰᠠᠢᠨ ᠢ᠋ ᠵᠥᠪᠰᠢᠶᠡᠨ᠂ ᠰᠣᠶᠣᠯ ᠢ᠋ ᠲᠤᠰᠠᠯᠠᠭᠴᠢ ᠪᠣᠭᠳᠠ ᠵᠢᠪᠽᠥ᠋ᠨᠳᠠᠮᠪᠠ ᠬᠤᠲᠤᠭᠲᠤ ᠬᠠᠭᠠᠨ》 ᠴᠣᠯᠠ ᠱᠠᠩᠨᠠᠵᠤ᠂ ᠬᠠᠭᠠᠨ ᠤ᠋ ᠨᠣᠮ ᠤ᠋ᠨ ᠬᠦᠨᠡᠰᠦ ᠬᠡᠷᠡᠭᠯᠡᠯ ᠳ᠋ᠦ᠍᠂ ᠤᠯᠤᠰ ᠤ᠋ᠨ ᠡᠵᠡᠨ ᠪᠠᠢᠬᠤ ᠦᠶ᠎ᠡ ᠡᠴᠡ ᠢᠯᠡᠭᠦᠦ ᠶᠡᠬᠡ ᠮᠥᠩᠭᠥ ᠣᠯᠭᠣᠬᠤ ᠪᠣᠯᠪᠠ᠃ ᠶᠡᠷᠦᠩᠬᠡᠢᠯᠡᠭᠴᠢ ᠪᠠᠰᠠ᠂ ᠭᠠᠳᠠᠭᠠᠳᠤ ᠮᠣᠩᠭᠣᠯ ᠤ᠋ᠨ ᠥᠪᠡᠷᠲᠡᠭᠡᠨ ᠵᠠᠰᠠᠬᠤ ᠡᠷᠬᠡ ᠶ᠋ᠢ ᠤᠰᠠᠳᠬᠠᠬᠤ ᠶᠠᠪᠤᠳᠠᠯ ᠳ᠋ᠤ᠌ ᠴᠢᠩ ᠦᠨᠡᠨᠬᠦ(ᠦᠨᠡᠨ ᠬᠦ᠌)ᠰᠡᠳᠬᠢᠯ ᠢ᠋ᠶ᠋ᠡᠷ《ᠬᠦᠴᠦᠨ ᠵᠢᠳᠬᠦᠭᠰᠡᠨ》ᠯᠠᠮᠠ ᠨᠣᠶᠠᠳ ᠤ᠋ᠨ ᠨᠡᠷ᠎ᠡ ᠶ᠋ᠢ ᠢᠯᠡᠷᠬᠡᠢᠯᠡᠨ ᠮᠡᠳᠡᠭᠳᠡᠵᠦ᠂ ᠭᠠᠪᠢᠶ᠎ᠠ ᠱᠠᠩᠨᠠᠬᠤ ᠳ᠋ᠤ᠌ ᠪᠡᠯᠡᠳᠬᠡᠭᠲᠦᠨ ᠭᠡᠵᠦ ᠬᠦᠷᠢᠶᠡᠨ᠎ᠡ ᠤᠲᠠᠰᠤ ᠢᠷᠡᠭᠦᠯᠵᠡᠢ᠃
ᠰᠢᠦᠢ ᠵᠠᠩᠵᠤᠨ᠂ ᠥᠪᠡᠷᠲᠡᠭᠡᠨ ᠵᠠᠰᠠᠬᠤ ᠡᠷᠬᠡ ᠲᠡᠢ ᠪᠠᠢᠭᠰᠠᠨ ᠮᠣᠩᠭᠣᠯ ᠤᠯᠤᠰ ᠤ᠋ᠨ ᠶᠡᠷᠦᠩᠬᠡᠢ ᠰᠠᠢᠳ ᠲᠤ᠌ ᠤᠲᠠᠰᠤ ᠢᠷᠡᠭᠦᠯᠵᠦ᠂ ᠬᠠᠭᠠᠨ ᠤ᠋ ᠬᠠᠲᠤᠨ《ᠤᠯᠤᠰ ᠤ᠋ᠨ ᠡᠬᠡ ᠳᠠᠭᠢᠨᠢ》 ᠶ᠋ᠢ ᠶᠡᠷᠦᠩᠬᠡᠢᠯᠡᠭᠴᠢ ᠡᠴᠡ《ᠲᠣᠳᠣᠷᠬᠠᠢ ᠴᠢᠳᠠᠯᠲᠠᠢ᠂ ᠴᠡᠪᠡᠷ ᠮᠠᠲᠠᠯ᠂ ᠡᠷᠳᠡᠨᠢ ᠰᠡᠴᠡᠨ ᠭᠡᠭᠡᠬᠡᠨ (ᠭᠡᠭᠡᠨ) ᠡᠬᠡ》 ᠴᠣᠯᠠ ᠡᠷᠭᠦᠮᠵᠢᠯᠡᠭᠰᠡᠨ ᠢ᠋ ᠮᠡᠳᠡᠭᠳᠡᠪᠡ᠃
ᠨᠣᠶᠠᠳ ᠰᠠᠢᠳ᠂ ᠶᠡᠬᠡ ᠶᠡᠷᠦᠩᠬᠡᠢᠯᠡᠭᠴᠢ ᠰᠠᠢᠳ᠂ ᠴᠠᠬᠢᠯᠭᠠᠨ ᠤᠲᠠᠰᠤ ᠢᠷᠡᠭᠦᠯᠵᠦ᠂ ᠪᠠᠳᠮᠠᠳᠣᠷᠵᠢ ᠠ᠋ᠴᠠ ᠭᠠᠳᠠᠭᠠᠳᠤ ᠮᠣᠩᠭᠣᠯ ᠤ᠋ᠨ ᠥᠪᠡᠷᠲᠡᠭᠡᠨ ᠵᠠᠰᠠᠬᠤ ᠡᠷᠬᠡ ᠶ᠋ᠢ ᠤᠰᠠᠳᠬᠠᠬᠤ ᠳ᠋ᠤ᠌ ᠬᠦᠴᠦᠨ ᠵᠢᠳᠬᠦᠭᠰᠡᠨ ᠯᠠᠮᠠ ᠨᠣᠶᠠᠳ ᠤ᠋ᠨ ᠨᠡᠷ᠎ᠡ ᠠᠰᠠᠭᠤᠪᠠ ᠭᠡᠵᠦ ᠮᠡᠳᠡᠮᠡᠭᠴᠡ ᠰᠥᠨᠥᠭᠰᠡᠨ ᠤᠯᠤᠰ ᠤ᠋ᠨ ᠶᠡᠷᠦᠩᠬᠡᠢ ᠰᠠᠢᠳ ᠪᠦᠯᠦᠭ ᠪᠠᠳᠮᠠᠳᠣᠷᠵᠢ ᠶ᠋ᠢᠨ ᠬᠠᠭᠠᠯᠭᠠᠨ᠎ᠠ ᠲᠡᠮᠡᠴᠡᠨ ᠴᠤᠪᠤᠯᠳᠤᠵᠤ᠂ ᠪᠡᠯᠡᠭ ᠰᠡᠯᠲᠡ ᠶ᠋ᠢ ᠪᠠᠷᠢᠵᠠᠭᠠᠨ᠂ ᠨᠡᠷ᠎ᠡ ᠪᠡᠨ ᠲᠡᠷᠡᠬᠦ(ᠲᠡᠷᠡ ᠬᠦ᠌ )ᠱᠠᠩᠨᠠᠯ ᠳ᠋ᠤ᠌ ᠣᠷᠣᠬᠤ ᠨᠡᠷ᠎ᠡ ᠶ᠋ᠢᠨ ᠴᠧᠰᠧ ᠳ᠋ᠦ᠍ ᠣᠷᠣᠭᠤᠯᠬᠤ ᠶ᠋ᠢ ᠭᠤᠶᠤᠨ ᠦᠢᠮᠡᠯᠳᠦᠪᠡ᠃
ᠮᠣᠩᠭᠣᠯ ᠤ᠋ᠨ ᠬᠦᠷᠢᠶᠡᠨ ᠦ᠌ ᠵᠠᠰᠠᠭ ᠤ᠋ᠨ ᠭᠠᠵᠠᠷ ᠤ᠋ᠨ ᠶᠡᠷᠦᠩᠬᠡᠢ ᠰᠠᠢᠳ ᠪᠦᠯᠦᠭ᠂ ᠶᠡᠬᠡ ᠱᠠᠪᠢ ᠶ᠋ᠢᠨ ᠡᠷᠳᠡᠨᠢ ᠱᠠᠩᠵᠠᠪ ᠪᠠᠳᠮᠠᠳᠣᠷᠵᠢ᠂ ᠴᠢᠨ ᠸᠠᠩ ᠤ᠋ᠨ ᠵᠡᠷᠭᠡ᠂ ᠳᠠᠪᠬᠤᠷ ᠹᠦᠩᠯᠦ ᠲᠡᠢ ᠪᠣᠯᠬᠤ ᠶ᠋ᠢ ᠭᠣᠷᠢᠳᠠᠵᠤ᠂ ᠰᠡᠴᠡᠨ ᠬᠠᠨ ᠨᠠᠸᠠᠩᠨᠠᠷᠠᠨ᠂ ᠬᠠᠨ ᠤ᠋ ᠳᠠᠪᠬᠤᠷ ᠹᠦᠩᠯᠦ ᠲᠡᠢ ᠪᠣᠯᠬᠤ ᠶᠤᠮᠰᠠᠨ ᠭᠡᠵᠦ᠂ ᠳᠠᠷᠬᠠᠨ ᠸᠠᠩ ᠫᠣᠩᠴᠣᠭᠴᠠᠷᠠᠩ᠂ ᠳᠠᠢᠴᠢᠩ ᠵᠣᠨᠤᠩ( ᠵᠢᠨᠦᠩ) ᠸᠠᠩ ᠴᠣᠭᠪᠠᠳᠠᠷᠠᠬᠤ᠂ ᠳᠠᠯᠠᠢ ᠴᠣᠢᠩᠬᠤᠷ ᠸᠠᠩ ᠴᠠᠳᠠᠨᠰᠣᠨᠠᠮ᠂ ᠴᠢᠨ ᠸᠠᠩ ᠯᠠᠮᠠ ᠳᠠᠰᠢᠳᠡᠨᠳᠡᠪ ᠵᠢᠯ ᠳᠣᠳᠣᠮ ᠴᠢᠨ ᠸᠠᠩ ᠤ᠋ᠨ ᠳᠠᠪᠬᠤᠷ ᠹᠦᠩᠯᠦ ᠪᠡᠷ ᠱᠠᠩᠨᠠᠭᠤᠯᠵᠤ ᠶᠠᠭᠤᠨᠠᠢ( ᠶᠠᠭᠤᠨ ᠤ᠋) ᠮᠠᠭᠠᠳ ᠭᠡᠵᠦ᠂ ᠪᠤᠰᠤᠳ ᠣᠯᠠᠨ ᠨᠣᠶᠠᠳ ᠴᠥᠮ ᠶᠠᠳᠠᠬᠤ ᠳ᠋ᠠᠭᠠᠨ( ᠳ᠋ᠤ᠌ ᠪᠠᠨ) ᠨᠢᠭᠡᠨ ᠵᠡᠷᠭᠡ ᠳᠡᠪᠰᠢᠭᠦᠯᠬᠦ ᠪᠢᠵᠡ ᠭᠡᠵᠦ ᠶᠡᠷᠦᠩᠬᠡᠢᠯᠡᠭᠴᠢ ᠶ᠋ᠢᠨ ᠬᠡᠰᠢᠭ ᠲᠦ᠍ ᠭᠣᠷᠢᠳᠠᠵᠠᠢ᠃
ᠬᠦᠷᠢᠶ᠎ᠡ᠂ ᠤᠯᠢᠶᠠᠰᠤᠲᠠᠢ᠂ ᠬᠢᠶᠠᠭᠲᠤ᠂ ᠰᠠᠨ(ᠰᠠᠩ) ᠪᠠᠢᠰᠠ᠂ ᠬᠣᠪᠲᠣ ᠵᠡᠷᠭᠡ ᠬᠣᠲᠠ ᠶ᠋ᠢᠨ ᠵᠠᠬ᠎ᠠ ᠵᠡᠭᠡᠯᠢ᠂ ᠭᠤᠳᠤᠮᠵᠢ ᠲᠠᠯᠠᠪᠠᠢ ᠪᠠᠷ ᠲᠦᠷᠢᠮᠡᠬᠡᠢᠯᠡᠨ ᠡᠵᠡᠯᠡᠬᠦ ᠰᠢᠦᠢ ᠵᠠᠩᠵᠤᠨ ᠤ᠋ ᠴᠡᠷᠢᠭ ᠦ᠋ᠨ ᠪᠣᠷᠣᠩᠬᠠᠢ ᠴᠡᠷᠢᠭ᠂ ᠬᠡᠭᠵᠢᠭᠦᠨ(ᠬᠡᠭᠵᠡᠭᠦᠨ) ᠶᠡᠬᠡ ᠵᠠᠩ ᠲᠠᠢ ᠳᠠᠷᠤᠭ᠎ᠠ ᠣᠹᠢᠼᠧᠢ ᠳᠦᠭᠦᠷᠪᠡ᠃ ᠬᠥᠮᠦᠨ ᠦ᠌ ᠶᠠᠷᠢᠯᠴᠠᠬᠤ ᠬᠡᠯᠡᠯᠴᠡᠬᠦ ᠶ᠋ᠢ ᠲᠠᠩᠨᠠᠨ ᠵᠠᠩᠰᠢᠯᠠᠵᠤ᠂ ᠬᠠᠰᠢᠶ᠎ᠠ ᠪᠦᠷᠢ ᠶ᠋ᠢᠨ ᠬᠠᠭᠠᠯᠭ᠎ᠠ ᠲᠠᠲᠠᠵᠤ᠂ ᠭᠡᠷ ᠪᠦᠷᠢ ᠶ᠋ᠢᠨ ᠡᠭᠦᠳᠡ ᠰᠡᠬᠦᠵᠦ᠂ ᠠᠮᠧᠷᠢᠺᠠ ᠶ᠋ᠢᠨ ᠰᠢᠬᠢᠷ ᠲᠡᠢ ᠪᠣᠬᠢ᠂ ᠬᠢᠲᠠᠳ ᠦᠨᠦᠷ ᠲᠡᠢ ᠤᠰᠤ᠂ ᠶᠠᠩᠵᠤᠤᠷ(ᠶᠠᠨᠵᠤᠤᠷ) ᠲᠠᠮᠠᠬᠢ ᠠᠪᠤᠨᠠᠤ (ᠠᠪᠤᠨ᠎ᠠ ᠤᠤ) ᠭᠡᠵᠦ ᠶᠠᠪᠤᠳᠠᠭ ᠢᠴᠢᠬᠦ ᠭᠠᠢᠬᠠᠬᠤ ᠶ᠋ᠢ ᠮᠡᠳᠡᠬᠦ ᠦᠭᠡᠢ ᠰᠡᠵᠢᠭ ᠪᠦᠬᠦᠢ ᠬᠤᠳᠠᠯᠳᠤᠭᠠᠴᠢᠨ ᠡᠳᠦᠢ ᠲᠡᠳᠦᠢ ᠪᠡᠷ ᠭᠡᠨᠡᠳᠲᠡ ᠪᠣᠢ ᠪᠣᠯᠪᠠ᠃
ᠭᠤᠳᠤᠮᠵᠢᠨ ᠳ᠋ᠤ᠌ ᠪᠤᠶᠤ ᠭᠤᠸᠠᠩᠵᠠᠨ(ᠭᠤᠸᠠᠨᠰᠠᠨ) ᠳ᠋ᠤ᠌ ᠭᠤᠷᠪᠠ ᠳᠥᠷᠪᠡᠨ ᠬᠥᠮᠦᠨ ᠨᠢᠭᠡ ᠳᠣᠣᠷ᠎ᠠ ᠴᠤᠭᠯᠠᠮᠠᠭᠴᠠ ᠦᠰᠦᠨ ᠦ᠌ ᠲᠣᠰᠣ᠂ ᠲᠣᠯᠢ ᠬᠤᠶᠠᠯ(ᠭᠣᠶᠣᠯ) ᠤ᠋ᠨ ᠵᠢᠷᠤᠭ ᠠᠪᠤᠨᠠᠤ (ᠠᠪᠤᠨ᠎ᠠ ᠤᠤ) ᠭᠡᠵᠦ ᠬᠠᠢᠷᠴᠠᠭ ᠤ᠋ᠨ ᠮᠠᠢᠮᠠᠢᠴᠢᠨ ᠳᠡᠷᠭᠡᠳᠡᠭᠦᠷ ᠨᠢ ᠲᠣᠭᠣᠷᠢᠨ ᠡᠬᠡᠷᠢᠭᠡᠳ(ᠡᠭᠡᠷᠡᠭᠡᠳ) ᠪᠤᠵᠢᠭᠢᠨᠠᠳᠠᠭ ᠪᠣᠯᠪᠠ᠃
— ᠡᠨᠡ ᠬᠢᠲᠠᠳ ᠤ᠋ᠳ ᠴᠢᠨᠢ ᠰᠢᠮᠠᠭᠤᠯ ᠠ᠋ᠴᠠ ᠳᠣᠯᠣᠭᠠᠨ ᠳᠣᠣᠷ᠎ᠠ ᠶᠤᠮ(ᠶᠠᠭᠤᠮ᠎ᠠ) ᠰᠢᠪ ᠳᠡ᠃ ᠰᠢᠮᠠᠭᠤᠯ ᠳ᠋ᠤ᠌ ᠮᠠᠢ ᠲᠠᠯᠪᠢᠬᠤ ᠳ᠋ᠤ᠌ ᠵᠠᠢᠯᠠᠳᠠᠭ ᠰᠠᠨ᠂ ᠡᠳᠡᠨ ᠢ᠋ ᠶᠠᠭᠤ ᠪᠠᠷ ᠴᠦ᠍ ᠵᠠᠢᠯᠠᠭᠤᠯᠬᠤ ᠠᠷᠭ᠎ᠠ ᠦᠭᠡᠢ ᠶᠦᠮ ᠤᠤ ᠳᠠ ᠭᠡᠵᠦ ᠴᠠᠭᠠᠨ ᠰᠡᠳᠬᠢᠯ ᠲᠡᠢ ᠬᠥᠳᠡᠭᠡ ᠶ᠋ᠢᠨ ᠮᠠᠯᠴᠢᠨ ᠠᠷᠠᠳ ᠤ᠋ᠳ ᠡᠭᠡᠷᠡᠵᠦ ᠳᠠᠭᠠᠳᠠᠭ ᠲᠡᠷᠡ ᠲᠠᠩᠨᠠᠭᠤᠯᠴᠢᠨ ᠢ᠋ ᠭᠠᠢᠬᠠᠨ ᠢᠨᠢᠶᠡᠳᠡᠭ ᠪᠠᠢᠪᠠ᠃ ᠮᠠᠷᠹᠧᠢ* ᠴᠣᠬᠢᠳᠠᠭ ᠭᠠᠵᠠᠷ᠂ ᠬᠠᠷ᠎ᠠ ᠲᠠᠮᠠᠬᠢᠨ ᠤ᠋ ᠭᠠᠵᠠᠷ᠂ ᠴᠡᠷᠢᠭ ᠦ᠋ᠨ ᠣᠹᠢᠼᠧᠷ ᠦ᠋ᠨ ᠶᠠᠩᠬᠠᠨ ᠤ᠋ ᠭᠠᠵᠠᠷ ᠡᠳᠦᠢ ᠲᠡᠳᠦᠢ ᠪᠡᠷ ᠪᠣᠢ ᠪᠣᠯᠪᠠ᠃
ᠬᠥᠮᠦᠨ ᠦ᠌ ᠵᠢᠷᠤᠭ ᠫᠠᠲ᠋ᠡᠷ ᠠᠪᠤᠳᠠᠭ᠋ (ᠠᠪᠳᠠᠭ)ᠬᠡᠷᠦᠮᠡᠯ ᠵᠢᠷᠤᠭᠴᠢᠨ ᠡᠭᠦᠪᠡᠷ ᠲᠡᠭᠦᠪᠡᠷ ᠦᠢᠮᠡᠯᠳᠦᠨ᠂ ᠪᠠᠢᠰᠢᠩ ᠬᠠᠰᠢᠶ᠎ᠠ᠂ ᠰᠦᠮ᠎ᠡ ᠳᠤᠭᠠᠩ ᠤ᠋ᠨ ᠵᠢᠷᠤᠭ ᠲᠠᠲᠠᠵᠤ᠂ ᠬᠠᠰᠢᠶ᠎ᠠ ᠭᠡᠷ ᠳᠠᠷᠠᠭᠠᠯᠠᠨ ᠬᠡᠰᠦᠵᠦ᠂ ᠵᠢᠷᠤᠭ ᠠᠪᠤᠨᠠᠤ (ᠠᠪᠤᠨ᠎ᠠ ᠤᠤ) ᠭᠡᠵᠦ ᠶᠠᠪᠤᠳᠠᠭ ᠪᠣᠯᠪᠠ᠃ ᠵᠠᠷᠢᠮ ᠳ᠋ᠠᠭᠠᠨ ᠲᠡᠳᠡ ᠨᠢ ᠠᠩᠬᠠᠷᠤᠯ ᠢ᠋ ᠲᠠᠲᠠᠭᠰᠠᠨ ᠨᠢᠭᠡᠨ ᠵᠠᠷᠢᠮ ᠬᠥᠮᠦᠨ ᠢ᠋ ᠣᠭᠲᠣ ᠦᠨ᠎ᠡ ᠠᠪᠬᠤ ᠦᠭᠡᠢ ᠵᠢᠷᠤᠭ ᠠᠪᠤᠨ᠎ᠠ ᠭᠡᠵᠦ ᠶᠠᠪᠤᠳᠠᠭ ᠪᠣᠯᠪᠠ᠃ ᠲᠥᠯᠭᠡᠴᠢᠨ᠂ ᠦᠵᠡᠮᠡᠷᠴᠢᠨ ᠵᠠᠶᠠᠭ᠎ᠠ ᠪᠣᠳᠣᠬᠤ ᠬᠥᠮᠦᠨ ᠡᠳᠦᠢ ᠲᠡᠳᠦᠢ ᠪᠡᠷ ᠪᠣᠢ ᠪᠣᠯᠪᠠ᠃
— — — —
* ᠡᠨᠡ ᠴᠢᠨᠢ ᠶᠠᠭᠠᠬᠢᠬᠤ ᠭᠡᠵᠦ ᠪᠠᠢᠭ᠎ᠠ ᠨᠢ ᠡᠨᠡ ᠪᠢᠯᠡ? ᠶᠠᠭᠠᠬᠢᠳᠠᠭ ᠪᠢᠯᠡ?(1564—1616 ᠠᠩᠭ᠌ᠯᠢ ᠶ᠋ᠢᠨ ᠶᠡᠬᠡ ᠵᠣᠬᠢᠶᠠᠯᠴᠢ) ᠱᠧᠷᠺᠰᠫᠢᠷ * ᠪᠠᠩᠵᠠ(ᠪᠠᠨᠰᠠ) ᠱᠠᠬᠠᠢ ᠪᠠᠷ ᠤᠬᠠᠭᠤᠯᠤᠨ ᠳᠠᠭᠠᠭᠤᠯᠬᠤ ᠭᠡᠰᠡᠨ ᠯᠠᠲ᠋ᠢᠨ ᠦᠭᠡ᠃ ᠦᠭᠡ ᠪᠡᠷ ᠤᠴᠢᠷ ᠢ᠋ ᠨᠡᠪᠲᠡᠷᠡᠭᠦᠯᠦᠨ ᠳᠠᠭᠠᠭᠤᠯᠵᠤ ᠴᠢᠳᠠᠬᠤ ᠦᠭᠡᠢ ᠴᠠᠭ ᠲᠤ᠌ ᠬᠦᠴᠦᠷᠬᠡᠨ ᠳᠠᠭᠠᠭᠤᠯᠬᠤ ᠠᠷᠭ᠎ᠠ ᠶ᠋ᠢ ᠥᠭᠦᠯᠡᠵᠡᠢ᠃
* ᠦᠨᠡᠨ ᠬᠡᠷᠡᠭ
* ᠦᠨᠡᠨ ᠬᠡᠷᠡᠭ
* ᠮᠣᠷᠹᠢ ᠭᠡᠳᠡᠭ ᠡᠮ᠃ ᠡᠭᠦᠨ ᠢ᠋ ᠴᠣᠬᠢᠭᠤᠯᠵᠤ( ᠲᠠᠷᠢᠭᠤᠯᠵᠤ) ᠰᠤᠷᠤᠭᠰᠠᠨ ᠬᠥᠮᠦᠨ ᠬᠠᠷ᠎ᠠ ᠲᠠᠮᠠᠬᠢᠨ ᠳ᠋ᠤ᠌ ᠣᠷᠣᠭᠰᠠᠨ ᠲᠠᠢ ᠠᠳᠠᠯᠢᠬᠠᠨ ᠪᠣᠯᠳᠠᠭ ᠪᠠᠢᠵᠠᠢ᠃
ᠦᠰᠦᠭ ᠠᠮᠢᠯᠠᠭᠤᠯᠤᠭᠴᠢ᠄ ᠪᠠᠳᠮᠠᠰᠡᠴᠡᠨ᠂ ᠴᠡᠩᠬᠡᠯᠴᠡᠴᠡᠭ ᠬᠢᠨᠠᠭᠴᠢ᠄ ᠤᠢᠭᠤᠷᠵᠢᠨ·ᠣᠳᠬᠣᠨᠪᠠᠪᠠ᠂ ᠣᠳᠬᠣᠨᠴᠡᠴᠡᠭ᠂
ᠣᠶᠤᠨᠪᠠᠲᠤ᠂ ᠣᠶᠤᠨᠪᠢᠯᠢᠭ᠌᠂ ᠰᠠᠷᠠᠨᠲᠤᠶᠠᠭ᠎ᠠ᠂ ᠴᠣᠯᠮᠣᠨᠭᠡᠷᠡᠯ
ᠬᠢᠨᠠᠭᠴᠢ᠄ ᠣᠶᠤᠨᠪᠠᠲᠤ᠂ ᠲ· ᠬᠦᠮᠦᠵᠢᠯᠲᠦ᠂ ᠤᠢᠭᠤᠷᠵᠢᠨ· ᠣᠳᠬᠣᠨᠪᠠᠪᠠ᠂ ᠣᠳᠬᠣᠨᠴᠡᠴᠡᠭ᠂ ᠪᠠᠯ
ᠤᠩᠰᠢᠭᠴᠢ᠄ ᠨᠠᠰᠤᠨ᠌ᠦ᠌ᠯᠵᠡᠢ
