ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠳᠥᠷᠪᠡ> Хан мунын сүүрс < доорд > – Мөнх зохиоов ᠂ Гутгаар бодь – Гуравдугаар бүлэг <4> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠳᠥᠷᠪᠡ> Хан мунын сүүрс < доорд > – Мөнх зохиоов ᠂ Гутгаар бодь – Гуравдугаар бүлэг <4>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠳᠥᠷᠪᠡ> Хан мунын сүүрс < доорд > – Мөнх зохиоов ᠂ Гутгаар бодь – Гуравдугаар бүлэг <4>

ᠠᠩᠭᠢᠯᠠᠯ:ᠲᠤᠭᠤᠵᠢ ᠷᠣᠮᠠᠨ
2025-02-14

349

ᠭᠤᠲᠠᠭᠠᠷ ᠪᠣᠲᠢ – ᠭᠤᠷᠪᠠᠳᠤᠭᠠᠷ ᠪᠦᠯᠦᠭ <ᠳᠥᠷᠪᠡ>


                    ᠳᠥᠷᠪᠡ    

       ᠪᠥᠭᠲᠥᠷ ᠦ᠋ᠨ ᠶᠤᠤᠷ① ᠤ᠋ᠨ ᠠᠢᠯ ᠳ᠋ᠤ᠌ ᠲᠡᠷᠭᠡᠯ ᠨᠠᠢᠷ ᠪᠣᠯᠵᠠᠢ᠃ ᠲᠠᠪᠤ ᠭᠤᠷᠪᠠᠭᠤᠯᠠ ᠴᠠᠮᠪᠠᠨ ᠬᠡᠷᠡᠮ ᠲᠡᠢ ᠰᠢᠪᠡᠷ ᠪᠠᠢᠰᠢᠩ᠂ ᠬᠦᠷᠢᠶ᠎ᠡ ᠬᠠᠰᠢᠶ᠎ᠠ ᠭᠡᠭᠴᠢ ᠳᠢᠭᠯᠢᠮ ᠦᠭᠡᠢ ᠳᠠᠯᠠᠨ ᠵᠠᠳᠠᠭᠠᠢ᠃ ᠠᠷᠵᠠᠭᠠᠨᠠᠭᠰᠠᠨ ᠣᠯᠠᠨ ᠳᠣᠷᠣᠢ ᠳᠠᠭᠠᠭᠤᠯᠤᠭᠰᠠᠨ ᠬᠠᠷ᠎ᠠ ᠮᠡᠭᠡᠵᠢ ᠯᠠᠢ ᠨᠣᠪᠰᠢ ᠡᠷᠭᠢᠭᠦᠯᠦᠨ ᠭᠠᠵᠠᠷ ᠤ᠋ᠨ ᠬᠥᠷᠥᠰᠥ ᠰᠡᠨᠳᠡᠯᠵᠦ ᠲᠡᠨᠦᠵᠦ ᠪᠠᠢᠭ᠎ᠠ᠁ ᠡᠷᠳᠡᠨᠢ ᠰᠢᠰᠢ᠂ ᠨᠣᠶᠠᠨ ᠰᠢᠰᠢ ᠶ᠋ᠢᠨ ᠭᠤᠤᠷᠰᠤ ᠤᠨᠳᠤᠢ ᠰᠤᠨᠳᠤᠢ᠃ ᠰᠢᠯᠦᠬᠡᠢ᠂ ᠬᠠᠷ᠎ᠠ ᠪᠤᠳᠠᠭ᠎ᠠ᠂ ᠨᠠᠷᠢᠮᠤ ᠶ᠋ᠢᠨ ᠰᠦᠷᠡᠯ ᠴᠠᠮᠪᠠᠨ ᠬᠦᠷᠢᠶ᠎ᠡ ᠶ᠋ᠢ ᠳᠠᠪᠠᠲᠠᠯ᠎ᠠ ᠣᠪᠣᠭᠠᠯᠠᠨ ᠰᠣᠩᠭᠢᠨ᠎ᠠ ᠰᠠᠷᠢᠮᠰᠠᠭ᠂ ᠯᠠᠵᠤᠤ ᠮᠠᠵᠤᠤ ᠶ᠋ᠢ ᠰᠠᠷᠠᠪᠴᠢᠨ ᠳᠣᠣᠭᠤᠷ ᠬᠡᠯᠬᠢᠶᠡᠯᠡᠨ ᠡᠯᠭᠦᠵᠦ᠂ ᠨᠠᠷᠠᠨ ᠬᠤᠸᠠᠷ ᠤ᠋ᠨ ᠪᠠᠮᠪᠠᠢ ᠬᠣᠩᠭᠣᠷᠴᠤᠭ ᠢ᠋ ᠬᠠᠶᠠᠭ᠎ᠠ ᠳᠦᠭᠦᠷᠲᠡᠯ᠎ᠡ ᠳᠡᠯᠭᠡᠭᠰᠡᠨ ᠨᠢ ᠲᠠᠷᠢᠶᠠᠴᠢᠨ ᠠᠢᠯ ᠤ᠋ᠨ ᠡᠯᠪᠡᠭ ᠬᠤᠷᠢᠶᠠᠯᠲᠠ ᠶ᠋ᠢ ᠪᠡᠯᠭᠡᠳᠡᠨ᠎ᠡ᠃  
       ᠨᠠᠮᠤᠷ ᠤ᠋ᠨ ᠲᠡᠷᠭᠡᠯ ᠰᠠᠷᠠᠨ ᠤ᠋ ᠨᠠᠢᠷ ᠭᠡᠭᠴᠢ ᠬᠢᠲᠠᠳ ᠲᠠᠷᠢᠶᠠᠴᠢᠨ ᠠᠢᠯ ᠪᠦᠭᠦᠳᠡ ᠳ᠋ᠦ᠍ ᠬᠢᠷᠢ ᠪᠡᠷ ᠢ᠋ᠶ᠋ᠡᠨ ᠨᠢᠵᠢᠭᠢᠷ ᠶᠠᠪᠤᠭᠳᠠᠵᠤ᠂ ᠪᠢᠲᠡᠭᠦᠯᠡᠵᠦ᠂ ᠴᠠᠭᠠᠯᠠᠬᠤ ᠠ᠋ᠴᠠ ᠳᠤᠲᠠᠭᠤ ᠦᠭᠡᠢ ᠬᠥᠭ ᠨᠠᠢᠷ ᠲᠠᠢ ᠪᠠᠢᠳᠠᠭ ᠠᠵᠤᠭᠤ᠃ 
       ᠬᠢᠲᠠᠳ ᠲᠠᠷᠢᠶᠠᠴᠢᠨ ᠠᠢᠯ ᠲᠡᠷᠭᠡᠯ ᠰᠠᠷᠠᠨ ᠤ᠋ ᠨᠠᠢᠷ ᠤ᠋ᠨ ᠡᠳᠦᠷ ᠲᠡᠭᠡᠨ ᠬᠤᠤᠮᠠ ᠶ᠋ᠢᠨ ᠲᠣᠰᠣ ᠪᠤᠶᠤ ᠮᠠᠭᠠᠵᠢ ᠶ᠋ᠢᠨ ᠲᠣᠰᠣ᠂ ᠪᠤᠷᠠᠮ ᠱᠠᠲᠠᠩ ᠵᠡᠷᠭᠡ ᠠᠮᠲᠠᠲᠠᠨ ᠢ᠋ᠶ᠋ᠠᠷ ᠬᠣᠯᠢᠰᠢ ᠬᠢᠵᠦ《ᠲᠡᠷᠭᠡᠯ ᠰᠠᠷᠠᠨ ᠪᠣᠣᠪᠣ》ᠬᠠᠩᠨᠠᠳᠠᠭ②᠃ ᠡᠭᠦᠨ ᠢ᠋ᠶ᠋ᠡᠨ ᠬᠦᠷᠰᠢ ᠵᠡᠷᠭᠡᠯᠡᠳᠡᠭᠡ ᠬᠣᠭᠣᠷᠣᠨᠳᠣ ᠪᠠᠨ ᠰᠠᠷᠠᠨ ᠪᠣᠭᠣᠷᠰᠣᠭ ᠬᠦᠷᠭᠡᠯᠴᠡᠵᠦ᠂ ᠬᠣᠨᠢ ᠢᠮᠠᠭ᠎ᠠ ᠨᠢᠳᠤᠯᠤᠨ᠂ ᠠᠳᠠᠭ ᠨᠢ ᠲᠠᠬᠢᠶ᠎ᠠ ᠨᠤᠭᠤᠰᠤ ᠴᠤ᠌ ᠮᠤᠰᠬᠢᠨ ᠭᠡᠷ ᠪᠦᠯᠢ ᠶ᠋ᠢᠨ ᠢ᠋ᠶ᠋ᠡᠨ ᠪᠦᠭᠦᠳᠡᠭᠡᠷ ᠴᠤᠭᠯᠠᠷᠠᠨ ᠪᠠᠶᠠᠷ ᠬᠥᠷ ᠲᠡᠢ ᠨᠠᠢᠷᠯᠠᠵᠠᠭᠠᠳᠠᠭ ᠠᠵᠢ᠃ 
       ᠬᠥᠩᠬᠥᠷ ᠵᠠᠮᠪᠠᠯ ᠡᠨᠡ ᠬᠦ᠌ ᠭᠡᠷ ᠲᠥᠷᠥᠯ ᠦ᠋ᠨ ᠲᠡᠷᠭᠡᠯ ᠨᠠᠢᠷ ᠲᠠᠭᠠᠨ ᠵᠢᠷᠤᠮ ᠤ᠋ᠨ ᠠᠬ᠎ᠠ ᠴᠣᠭᠪᠠᠭᠠᠲᠤᠷ ᠢ᠋ ᠠᠮᠤᠷ ᠢ᠋ ᠬᠠᠮᠠᠭᠠᠯᠠᠬᠤ ᠲᠤᠸᠠᠨᠵᠠᠩ ᠵᠡᠷᠭᠡ ᠨᠡᠮᠡᠭᠳᠡᠯ᠎ᠡ ᠭᠡᠵᠦ ᠲᠤᠰᠬᠠᠢ ᠤᠷᠢᠭᠰᠠᠨ ᠪᠠᠢᠯ᠎ᠠ᠃ 
       ᠰᠢᠷᠡᠭᠡ ᠳᠦᠭᠦᠷᠡᠩ ᠲᠠᠪᠠᠭᠯᠠᠭᠰᠠᠨ ᠦᠵᠦᠮ ᠵᠡᠷᠭᠡ ᠠᠮᠲᠠᠲᠠᠨ ᠪᠠ ᠱᠠᠭᠠᠵᠠᠩ ᠮᠡᠯᠮᠡᠯᠵᠡᠲᠡᠯ᠎ᠡ ᠭᠡᠮᠨᠡᠭᠰᠡᠨ ᠭᠠᠰᠢᠭᠤᠨ ᠬᠠᠷ᠎ᠠ᠂ ᠲᠥᠮᠥᠰᠥ ᠰᠣᠩᠭᠢᠨ᠎ᠠ ᠲᠠᠢ ᠱᠥᠯᠥᠰᠢᠭᠦᠯᠦᠨ ᠨᠤᠯᠲᠤᠷᠠᠲᠠᠯ᠎ᠠ ᠴᠢᠨᠠᠭᠰᠠᠨ ᠬᠡᠷᠴᠢᠮ ᠬᠡᠷᠴᠢᠮ ᠬᠣᠨᠢᠨ ᠤ᠋ ᠮᠢᠬ᠎ᠠ ᠰᠢᠷᠡᠭᠡ ᠥᠩᠭᠡᠢᠭᠰᠡᠨ ᠬᠥᠮᠦᠰ ᠦ᠋ᠨ ᠬᠣᠪᠳᠣᠭ ᠢ᠋ ᠬᠦᠷᠭᠡᠬᠦ ᠨᠢ ᠬᠡᠳᠦᠢ ᠴᠦ᠍ ᠶᠦᠮ ᠳᠡ᠃ ᠬᠣᠨᠢᠨ ᠤ᠋ ᠲᠠᠷᠭᠤᠨ ᠤᠭᠤᠴᠠᠨ ᠳ᠋ᠤ᠌ ᠰᠠᠭᠤᠵᠤ ᠳᠠᠰᠤᠭᠰᠠᠨ ᠮᠣᠩᠭᠣᠯ ᠡᠷ᠎ᠡ ᠴᠣᠭᠪᠠᠭᠠᠲᠤᠷ ᠤ᠋ᠨ ᠨᠢᠳᠦᠨ ᠳ᠋ᠦ᠍ ᠲᠡᠳᠦᠢ ᠯᠡ ᠬᠣᠪᠳᠣᠭ ᠬᠦᠷᠭᠡᠮᠡᠷ ᠦᠭᠡᠢ ᠬᠠᠷᠠᠭᠳᠠᠭᠰᠠᠨ ᠲᠤᠯᠠ ᠥᠭᠡᠷᠡᠯᠬᠡᠭᠰᠡᠨ ᠪᠠᠢᠳᠠᠯ ᠴᠢᠷᠠᠢ ᠳ᠋ᠤᠨᠢ ᠢᠯᠡ ᠪᠠᠢᠪᠠ᠃  
       ᠴᠣᠭᠪᠠᠭᠠᠲᠤᠷ ᠡᠢᠮᠦᠷᠬᠦᠦ ᠨᠠᠢᠷ ᠬᠤᠷᠢᠮ ᠳ᠋ᠤ᠌ ᠠᠩᠬ᠎ᠠ ᠣᠷᠣᠵᠤ ᠪᠠᠢᠭ᠎ᠠ ᠪᠢᠰᠢ᠃ ᠮᠠᠯᠴᠢᠨ ᠲᠠᠷᠢᠶᠠᠴᠢᠨ᠂ ᠪᠠᠶᠠᠨ ᠶᠠᠳᠠᠭᠤ ᠠᠢᠯ ᠤ᠋ᠨ ᠬᠠᠪᠲᠠᠰᠤ ᠶ᠋ᠢ ᠴᠢᠮᠠᠯᠠᠵᠤ ᠭᠣᠯᠣᠯ ᠦᠭᠡᠢ ᠡᠯᠡᠭᠡᠵᠦ ᠶᠠᠪᠤᠭᠰᠠᠨ ᠳ᠋ᠠᠭᠠᠨ ᠦᠮᠡᠬᠡᠢ ᠪᠡᠷ ᠬᠡᠬᠡᠷᠡᠭᠦᠯᠵᠦ ᠥᠭᠡᠬᠦ ᠨᠤᠯᠮᠤᠲᠠᠯ᠎ᠠ ᠴᠠᠳᠤᠭᠰᠠᠨ ᠤᠳᠠᠭ᠎ᠠ ᠪᠠᠢᠬᠤ ᠳ᠋ᠤ᠌ ᠥᠯᠥᠨ ᠭᠡᠳᠡᠰᠦ ᠪᠡᠨ ᠰᠤᠪᠤᠵᠤ ᠥᠯᠪᠡᠷᠴᠦ ᠶᠠᠪᠤᠭᠰᠠᠨ ᠤᠳᠠᠭ᠎ᠠ ᠴᠥᠭᠡᠨ ᠦᠭᠡᠢ᠃   
       ᠰᠢᠪᠠᠷ ᠪᠠᠢᠰᠢᠩ ᠤ᠋ᠨ ᠲᠡᠷᠭᠡᠯ ᠰᠠᠷᠠᠨ ᠨᠠᠢᠷ ᠲᠤ ᠰᠠᠭᠤᠵᠤ ᠪᠠᠢᠭ᠎ᠠ ᠬᠥᠩᠬᠥᠷ ᠵᠠᠮᠪᠠᠯ ᠤ᠋ᠨ ᠬᠢᠨ ᠦ᠌ ᠬᠡᠦᠬᠡᠳ ᠪᠦᠰᠡᠭᠦᠢ᠂ ᠬᠥᠭᠰᠢᠨ ᠵᠠᠯᠠᠭᠤ ᠦᠭᠡᠢ ᠡᠳᠦᠷ ᠡᠳᠦᠷ ᠴᠠᠳᠳᠠᠭ ᠦᠭᠡᠢ ᠦᠬᠡᠷ ᠠᠯᠠᠪᠠᠯ ᠨᠢᠭᠡ ᠴᠠᠳᠤᠨ᠎ᠠ᠂ ᠴᠠᠭ ᠴᠠᠭ ᠴᠠᠳᠳᠠᠭ ᠦᠭᠡᠢ ᠴᠠᠭᠠᠨ ᠰᠠᠷ᠎ᠠ ᠪᠣᠯᠪᠠᠯ ᠨᠢᠭᠡ ᠴᠠᠳᠤᠨ᠎ᠠ ᠭᠡᠮᠡᠷ ᠥᠯᠥᠨ ᠨᠢᠳᠦ ᠨᠦ᠍ᠭᠦᠳ ᠰᠢᠷᠡᠭᠡᠨ ᠳ᠋ᠦ᠍ ᠳᠡᠯᠭᠡᠭᠳᠡᠭᠰᠡᠨ ᠲᠠᠪᠠᠭ ᠲᠠᠢ ᠢᠳᠡᠭᠡᠨ ᠢ᠋ ᠬᠣᠪᠳᠣᠭᠯᠠᠨ ᠬᠠᠷᠠᠵᠤ ᠰᠢᠯᠦᠰᠦ ᠪᠡᠨ ᠵᠠᠯᠭᠢᠵᠤ ᠪᠠᠢᠪᠠ᠃ ᠲᠡᠭᠡᠬᠦ ᠳ᠋ᠦ᠍ ᠲᠠᠷᠭᠤᠨ ᠬᠣᠨᠢᠨ ᠤ᠋ ᠡᠪᠴᠢᠭᠦᠦ ᠶ᠋ᠢᠨ ᠬᠡᠷᠰᠡᠩ ᠪᠤᠶᠤ ᠬᠣᠶᠠᠷ ᠬᠤᠷᠤᠭᠤ ᠥᠭᠡᠬᠦ ᠲᠡᠢ ᠳᠥᠷᠪᠡᠨ ᠥᠨᠳᠥᠷ ᠡᠴᠡ ᠣᠭᠲᠣᠯᠵᠤ ᠵᠠᠪᠠᠵᠢᠨ ᠠ᠋ᠴᠠ ᠪᠠᠨ ᠲᠣᠰᠣ ᠭᠣᠭᠣᠵᠢᠲᠠᠯ᠎ᠠ ᠢᠳᠡᠵᠦ ᠪᠠᠢᠭᠰᠠᠨ ᠢ᠋ᠶ᠋ᠠᠨ ᠰᠠᠨᠠᠭᠰᠠᠨ ᠴᠣᠭᠪᠠᠭᠠᠲᠤᠷ ᠤ᠋ᠨ ᠲᠠᠷᠭᠤᠨ ᠨᠢᠳᠦᠨ ᠳ᠋ᠦ᠍ ᠡᠨᠡ ᠪᠦᠬᠦᠨ ᠡᠯᠭᠦᠭᠳᠡᠬᠦ ᠶᠠᠭᠤᠮ᠎ᠠ ᠦᠭᠡᠢ᠂ ᠲᠣᠮᠣ ᠱᠠᠭᠠᠵᠠᠩ ᠳ᠋ᠤ᠌ ᠣᠪᠣᠭᠠᠯᠠᠵᠤ ᠠᠶᠠᠭᠠᠯᠠᠭᠰᠠᠨ ᠲᠥᠮᠥᠰᠥ ᠨᠢ ᠳᠡᠢᠯᠳᠡᠭᠦᠦ᠂ ᠶᠠᠰᠤᠨ ᠠ᠋ᠴᠠ ᠨᠢ ᠰᠠᠯᠲᠠᠯ᠎ᠠ ᠨᠤᠯᠲᠤᠷᠠᠭᠤᠯᠤᠭᠰᠠᠨ ᠬᠣᠨᠢᠨ ᠤ᠋ ᠮᠢᠬ᠎ᠠ ᠶ᠋ᠢ ᠬᠠᠷᠠᠭᠠᠳ ᠲᠣᠭᠣᠭᠰᠠᠨ ᠦᠭᠡᠢ ᠢᠷᠪᠠᠢᠪᠠ᠃  
       ᠬᠥᠩᠬᠥᠷ ᠵᠠᠮᠪᠠᠯ᠂ ᠴᠣᠭᠪᠠᠭᠠᠲᠤᠷ ᠤ᠋ᠨ ᠶᠡᠬᠡᠷᠬᠡᠭ ᠳᠡᠭᠡᠷᠡᠩᠭᠦᠢ ᠵᠠᠩ ᠢ᠋ ᠰᠠᠢᠨ ᠮᠡᠳᠡᠳᠡᠭ ᠪᠣᠯᠬᠣᠷ ᠳᠣᠣᠷ᠎ᠠ ᠪᠠᠨ ᠰᠡᠬᠡᠰᠬᠢᠵᠦ《ᠥᠭᠡᠬᠦ ᠲᠣᠰᠣᠨ ᠳ᠋ᠤ᠌ ᠲᠠᠩᠳᠠ ᠱᠠᠩᠳᠠᠭᠤᠷᠠᠵᠤ ᠶᠠᠪᠤᠳᠠᠭ ᠡᠨᠡ ᠳᠡᠭᠡᠷᠡᠩᠭᠦᠢ ᠡᠷ᠎ᠡ ᠨᠣᠭᠣᠭ᠎ᠠ ᠲᠥᠮᠥᠰᠥ ᠨᠢ ᠳᠡᠢᠯᠦᠩᠭᠦᠢ ᠲᠠᠷᠢᠶᠠᠴᠢᠨ ᠠᠢᠯ ᠤ᠋ᠨ ᠨᠠᠢᠷ ᠲᠤ ᠶᠠᠭᠤ ᠨᠢᠭᠡ ᠳᠤᠲᠠᠭᠤᠳᠠᠵᠤ ᠳᠣᠲᠣᠷ᠎ᠠ ᠨᠢ ᠭᠣᠷᠣᠢᠵᠤ ᠪᠠᠢᠨ᠎ᠠ》 ᠭᠡᠰᠡᠨ ᠢ᠋ ᠪᠠᠷᠤᠭᠯᠠᠨ ᠮᠡᠳᠡᠭᠰᠡᠨ ᠴᠦ᠍᠄ 
       — ᠴᠣ ᠱᠣᠤᠶᠧ ᠠ᠋᠂ ᠲᠠ᠁ ᠲᠠ ᠵᠣᠭᠣᠭᠯᠠ᠂ ᠠᠷᠢᠬᠢᠨ ᠠ᠋ᠴᠠ ᠨᠢ᠁ ᠭᠡᠵᠦ ᠬᠣᠶᠠᠷ ᠠᠯᠠᠭ᠎ᠠ ᠪᠠᠨ ᠡᠪ ᠮᠠᠭᠤᠲᠠᠢ ᠳᠡᠯᠭᠡᠵᠦ ᠮᠣᠩᠭᠣᠯᠵᠢᠭᠤᠨ ᠶᠣᠰᠣ ᠪᠠᠷ ᠠᠷᠢᠬᠢ ᠪᠠᠷᠢᠨ᠎ᠠ᠃ 
       ᠲᠠᠷᠢᠶᠠᠴᠢᠨ ᠠᠢᠯ ᠤ᠋ᠨ ᠠᠷᠢᠬᠢ ᠤᠤᠭᠤᠬᠤ ᠭᠡᠭᠴᠢ ᠪᠠᠰᠠ ᠮᠣᠩᠭᠣᠯ ᠭᠠᠵᠠᠷ ᠲᠠᠢ ᠣᠨᠳᠣᠣ᠃ ᠰᠢᠷᠦᠭᠦᠨ ᠸᠠᠭᠠᠷᠤᠨ ᠬᠠᠷ᠎ᠠ ᠱᠠᠭᠠᠵᠠᠩ ᠳ᠋ᠤ᠌ ᠬᠠᠷ᠎ᠠ ᠠᠷᠢᠬᠢ ᠶ᠋ᠢ ᠮᠡᠯᠮᠡᠯᠵᠡᠲᠡᠯ᠎ᠡ ᠬᠢᠵᠦ ᠨᠢᠭᠡ ᠯᠡ ᠬᠥᠨᠲᠥᠷᠦᠭᠦᠯᠦᠨ᠎ᠡ᠃ ᠰᠠᠢᠨ ᠡᠷ᠎ᠡ ᠭᠡᠭᠴᠢ ᠨᠢ ᠳᠦᠭᠦᠷᠡᠩ ᠮᠡᠯᠮᠡᠯᠵᠡᠭᠰᠡᠨ ᠱᠠᠭᠠᠵᠠᠩ ᠲᠠᠢ ᠠᠷᠢᠬᠢ ᠪᠠᠨ ᠡᠷᠭᠦᠵᠦ ᠪᠤᠰᠤᠳ ᠢ᠋ᠶ᠋ᠠᠷ ᠲᠢᠩᠭᠠᠷ ᠲᠠᠩᠭᠠᠷ ᠢᠷᠮᠡᠭ ᠮᠥᠷᠭᠥᠭᠦᠯᠵᠦ᠂ ᠳᠠᠷᠠᠭ᠎ᠠ ᠨᠢ ᠡᠩᠭᠡᠷ ᠡᠪᠴᠢᠭᠦᠦ ᠤᠷᠤᠭᠤ ᠪᠠᠨ ᠠᠰᠬᠠᠨ ᠴᠢᠳᠬᠤᠨ ᠭᠦᠳ ᠭᠦᠳ ᠵᠠᠯᠭᠢᠯᠠᠭᠠᠳ ᠥᠨᠥᠬᠢ ᠬᠠᠷ᠎ᠠ ᠱᠠᠭᠠᠵᠠᠩ ᠢ᠋ᠶ᠋ᠠᠨ ᠬᠠᠪᠬᠤ ᠬᠢᠲᠡᠯ᠎ᠡ ᠰᠢᠷᠡᠭᠡᠨ ᠦ᠌ ᠨᠢᠭᠤᠷ ᠲᠤ ᠬᠥᠮᠥᠷᠢᠵᠦ ᠲᠠᠯᠪᠢᠨ᠎ᠠ᠃ ᠤᠤᠭᠤᠳᠠᠭ ᠦᠭᠡᠢ ᠨᠢᠭᠡ ᠨᠢ ᠬᠠᠷᠢᠨ ᠤᠷᠤᠭᠤᠯ ᠢ᠋ᠶ᠋ᠠᠨ ᠲᠥᠷᠥᠬᠦᠢᠴᠡ ᠦᠨᠦᠷᠯᠡᠭᠡᠳ ᠲᠣᠯᠣᠭᠠᠢ ᠪᠠᠨ ᠰᠠᠵᠢᠭᠠᠳ ᠬᠣᠣᠷ ᠠᠮᠰᠠᠭᠰᠠᠨ ᠰᠢᠭ᠋ ᠠᠮᠠ ᠢᠷᠪᠠᠢᠨ ᠪᠥᠭᠰᠡ ᠪᠡᠷ ᠢ᠋ᠶ᠋ᠡᠨ ᠴᠤᠬᠤᠷᠢᠨ᠎ᠠ᠃ ᠡᠨᠡ ᠡᠨᠡ ᠵᠠᠩ ᠢ᠋ ᠴᠣᠭᠪᠠᠭᠠᠲᠤᠷ ᠠᠯᠠᠭᠠᠨ ᠤ᠋ ᠪᠠᠨ ᠠᠷ ᠰᠢᠭ᠋ ᠲᠣᠪ ᠲᠣᠳᠣᠷᠬᠠᠢ ᠮᠡᠳᠡᠵᠦ ᠪᠠᠢᠪᠠᠴᠤ ᠬᠥᠩᠬᠥᠷ ᠵᠠᠮᠪᠠᠯ ᠤ᠋ᠨ ᠪᠠᠷᠢᠭᠰᠠᠨ ᠠᠷᠢᠬᠢ ᠶ᠋ᠢ ᠥᠴᠦᠬᠡᠨ ᠠᠮᠲᠠᠷᠬᠠᠨ ᠲᠠᠮᠰᠢᠶᠠᠯᠠᠭᠠᠳ᠄ 
       — ᠡᠩ᠂ ᠡᠨᠡ ᠬᠠᠷᠢᠨ ᠪᠣᠯᠵᠤ ᠪᠠᠢᠨ᠎ᠠ᠁ ᠶᠠᠰᠤᠨ ᠠ᠋ᠴᠠ ᠬᠥᠯᠥᠰᠥ ᠴᠢᠬᠠᠷᠠᠭᠤᠯᠤᠮ᠎ᠠ ᠡᠳ᠋ ᠶᠦᠮ ᠠ᠋! ᠭᠡᠪᠡ᠃ 
       — ᠲᠡᠢᠮᠦ᠂ ᠲᠡᠢᠮᠦ᠁ ᠴᠣᠯ ᠲᠠᠷᠢᠶᠠᠨ ᠤ᠋ ᠰᠢᠮ᠎ᠡ ᠰᠢᠦ! 
       — ᠡᠭᠦᠨ ᠢ᠋ ᠬᠠᠮᠢᠭ᠎ᠠ ᠠ᠋ᠴᠠ ᠣᠯᠵᠤ ᠢᠷᠡᠪᠡ ᠴᠢ? ᠭᠡᠳ ᠥᠨᠥᠬᠢ ᠭᠠᠯᠠᠭᠤᠨ ᠬᠦᠵᠦᠭᠦᠲᠦ ᠪᠣᠳᠣᠩ ᠢ᠋ ᠪᠠᠭᠠᠯᠵᠠᠭᠤᠷᠳᠠᠵᠤ ᠰᠢᠨᠵᠢᠨ᠎ᠡ᠃ 
       — ᠠ᠁ ᠠ᠁ ᠭᠡᠳ ᠬᠥᠩᠬᠥᠷ ᠵᠠᠮᠪᠠᠯ ᠲᠦᠭᠳᠡᠷᠡᠵᠦ ᠦᠭᠡ ᠪᠡᠨ ᠣᠯᠵᠤ ᠬᠡᠯᠡᠭᠰᠡᠨ ᠦᠭᠡᠢ᠃  
       — ᠸᠠᠩ ᠰᠣᠬᠣᠷ ᠤ᠋ᠨ ᠨᠠᠳᠠ ᠵᠣᠭᠣᠷᠢᠯᠠᠭᠰᠠᠨ ᠭᠠᠰᠢᠭᠤᠨ ᠬᠠᠷ᠎ᠠ ᠠ᠋ᠴᠠ ᠴᠢ ᠤᠷᠢᠳ ᠢ᠋ᠶ᠋ᠠᠷ ᠬᠢᠮᠤᠰᠤᠯᠠᠭᠰᠠᠨ ᠪᠢᠰᠢ ᠪᠢᠵᠡ⁈ 
       — ᠁ 
       ᠭᠡᠮᠲᠦ ᠬᠥᠮᠦᠨ ᠭᠡᠭᠡᠨ ᠤᠬᠠᠭᠠᠨ ᠲᠠᠢ ᠭᠡᠳᠡᠭ ᠢ᠋ᠶ᠋ᠡᠷ ᠬᠥᠩᠬᠥᠷ ᠵᠠᠮᠪᠠᠯ ᠠᠶᠤᠨ ᠪᠡᠮᠪᠡᠭᠡᠨᠡᠵᠦ᠂ ᠴᠣᠭᠪᠠᠭᠠᠲᠤᠷ ᠤ᠋ᠨ ᠡᠮᠦᠨ᠎ᠡ ᠡᠴᠡ ᠦᠨᠡᠨ ᠢ᠋ᠶ᠋ᠡᠨ ᠴᠦ᠍ ᠬᠡᠯᠡᠵᠦ ᠴᠢᠳᠠᠬᠤ ᠦᠭᠡᠢ ᠬᠤᠳᠠᠯ ᠬᠡᠯᠡᠵᠦ ᠴᠦ᠍ ᠪᠣᠯᠬᠤ ᠦᠭᠡᠢ ᠠᠷᠭ᠎ᠠ ᠠᠭᠠᠰᠢ ᠪᠠᠨ ᠪᠠᠷᠠᠨ᠎ᠠ᠃ 
       — ᠮᠢᠨᠦ ᠵᠠᠬᠢᠶ᠎ᠠ ᠵᠢᠭᠠᠪᠤᠷᠢ ᠦᠭᠡᠢ ᠪᠡᠷ ᠳᠤᠷ᠎ᠠ ᠪᠠᠷ ᠢ᠋ᠶ᠋ᠠᠨ ᠲᠡᠨᠦᠵᠦ ᠶᠠᠪᠤᠭᠠᠳ ᠬᠠᠪᠬᠠᠨ ᠳ᠋ᠤ᠌ ᠤᠨᠠᠪᠠᠯ ᠬᠣᠬᠢ ᠴᠢᠨᠢ ᠰᠢᠦ! ᠸᠠᠩ ᠰᠣᠬᠣᠷ ᠤ᠋ᠨ ᠬᠡᠷᠴᠡᠭᠡᠢ ᠶ᠋ᠢ ᠴᠢ ᠮᠡᠳᠡᠬᠦ ᠦᠭᠡᠢ ᠴᠦ᠍ ᠪᠢᠰᠢ ᠳᠡ! ᠲᠡᠭᠦᠨ ᠳ᠋ᠦ᠍ ᠪᠠᠷᠢᠭᠳᠠᠭᠰᠠᠭᠠᠷ ᠮᠠᠭᠤ ᠳᠤᠷᠠᠰᠬ᠎ᠠ ᠪᠠᠨ ᠠᠮᠢᠳᠤ ᠪᠠᠷ ᠨᠢ ᠱᠠᠭᠠᠯᠤᠭᠤᠯᠤᠨ᠎ᠠ ᠭᠡᠳᠡᠭ ᠢ᠋ᠶ᠋ᠡᠨ ᠮᠡᠳᠡᠵᠦ ᠠᠪ! ᠳᠡᠪᠰᠡᠭ ᠦ᠋ᠨ ᠠᠭᠤᠯᠠ ᠶ᠋ᠢᠨ ᠰᠡᠷᠡᠩᠫᠤᠩᠰᠤᠭ ᠨᠤᠲᠤᠭ ᠪᠡᠯᠴᠢᠭᠡᠷ᠂ ᠠᠮᠤ ᠴᠡᠴᠡᠭ ᠦ᠋ᠨ ᠲᠠᠷᠢᠶ᠎ᠠ ᠲᠥᠮᠦᠰᠦᠨ ᠦ᠌ ᠤᠴᠢᠷ ᠲᠤ ᠸᠠᠩ ᠰᠣᠬᠣᠷ ᠲᠠᠢ ᠬᠡᠯᠡ ᠠᠮᠠ ᠪᠣᠯᠵᠤ ᠲᠡᠭᠦᠨ ᠦ᠌ ᠬᠠᠷᠭᠢᠰ ᠬᠤᠢᠬᠤᠷ ᠢ᠋ ᠵᠢᠭᠰᠢᠬᠦ ᠳ᠋ᠡᠭᠡᠨ ᠰᠣᠭᠲᠣᠭᠤ ᠪᠠᠷ ᠢ᠋ᠶ᠋ᠠᠨ《ᠵᠠ ᠪᠠᠢᠵᠠ᠂ ᠮᠠᠭᠤ ᠰᠣᠬᠣᠷ ᠨᠣᠮᠣᠨ ᠢ᠋ ᠠᠯᠢ ᠨᠢᠭᠡ ᠡᠳᠦᠷ ᠮᠡᠳᠡᠶ᠎ᠡ!》 ᠭᠡᠳ ᠥᠰᠢᠷᠬᠡᠭᠰᠡᠨ ᠦᠭᠡ ᠬᠡᠯᠡᠴᠢᠬᠡᠭᠡᠳ ᠴᠠᠭᠠᠰᠢ ᠪᠠᠨ ᠶᠠᠪᠤᠵᠤ ᠣᠳᠤᠭᠰᠠᠨ ᠢ᠋ ᠸᠠᠩ ᠰᠣᠬᠣᠷ ᠦᠰ ᠵᠠᠩᠭᠢᠳᠴᠤ ᠬᠠᠵᠠᠭᠤ ᠶ᠋ᠢᠨ ᠬᠥᠮᠦᠨ ᠢ᠋ᠶ᠋ᠡᠨ ᠳᠣᠬᠢᠵᠤ ᠶᠠᠪᠤᠭᠤᠯᠤᠨ ᠰᠡᠷᠡᠩᠫᠤᠩᠰᠤᠭ ᠤ᠋ᠨ ᠤᠬᠤᠷᠬᠠᠢ ᠶ᠋ᠢ ᠨᠢ ᠤᠬᠤᠵᠤ ᠬᠣᠶᠠᠷ ᠨᠢᠳᠦ ᠶ᠋ᠢ ᠨᠢ ᠰᠣᠬᠣᠯᠤᠭᠰᠠᠨ ᠰᠢᠦ ᠳᠡ! ᠬᠡᠩ! ᠬᠡᠨ ᠲᠡᠭᠦᠨ ᠢ᠋ ᠶᠠᠭᠠᠬᠢᠵᠤ ᠴᠢᠳᠠᠪᠠ⁈ ᠬᠢᠷᠢ ᠪᠡᠨ ᠮᠡᠳᠡᠭᠰᠡᠨ ᠳᠡᠭᠡᠷ᠎ᠡ ᠠ᠋! ᠨᠠᠳᠠ ᠠ᠋ᠴᠠ ᠳᠠᠯᠳᠠᠭᠤᠷ ᠠᠰ ᠲᠠᠭᠠᠨ ᠲᠤᠭ ᠪᠤᠰᠬᠠᠵᠤ ᠲᠠᠤᠯᠠᠢ ᠶ᠋ᠢᠨ ᠵᠠᠮ ᠢ᠋ᠶ᠋ᠠᠷ ᠰᠢᠩᠰᠢᠯᠡᠬᠦ ᠴᠢᠨᠢ ᠭᠠᠢᠭᠤᠢ ᠠ᠋! ᠬᠢᠴᠢᠶᠡᠵᠦ ᠶᠠᠪᠤᠪᠠᠯ ᠠᠮᠢᠨ ᠳ᠋ᠤ᠌ ᠲᠤᠰᠠ ᠲᠠᠢ ᠶᠤᠮ ᠠ᠋! ᠭᠡᠳ ᠥᠨᠥᠬᠢ ᠬᠠᠷ᠎ᠠ ᠱᠠᠭᠠᠵᠠᠩ ᠲᠠᠢ ᠠᠷᠢᠬᠢ ᠶ᠋ᠢ ᠬᠢᠲᠠᠳ ᠵᠠᠩ ᠢ᠋ᠶ᠋ᠠᠷ ᠬᠥᠨᠲᠥᠷᠴᠦ ᠣᠷᠬᠢᠪᠠ᠃  
       — ᠴᠢ ᠬᠡᠯᠡ! ᠡᠨᠡ ᠭᠠᠯᠠᠭᠤᠨ ᠬᠦᠵᠦᠭᠦᠲᠦ ᠴᠢᠨᠢ ᠸᠠᠩ ᠰᠣᠬᠣᠷ ᠤ᠋ᠨ ᠵᠣᠭᠣᠷᠢᠨ ᠤ᠋ ᠠᠷᠢᠬᠢ ᠮᠥᠨ ᠤᠤ? ᠭᠡᠵᠦ ᠴᠣᠭᠪᠠᠭᠠᠲᠤᠷ ᠨᠠᠮ ᠳᠠᠭᠤ ᠪᠠᠷ ᠠᠰᠠᠭᠤᠭᠰᠠᠨ ᠪᠣᠯᠪᠠᠴᠤ ᠬᠥᠩᠬᠥᠷ ᠵᠠᠮᠪᠠᠯ ᠬᠦᠨᠳᠦ ᠮᠠᠨᠴᠤᠷᠭ᠎ᠠ ᠪᠠᠷ ᠮᠠᠩᠨᠠᠢ ᠤᠷᠤᠭᠤ ᠪᠠᠨ ᠳᠡᠯᠡᠰᠦᠭᠦᠯᠦᠭᠰᠡᠨ ᠰᠢᠭ ᠪᠠᠢᠪᠠ᠃ 
       — ᠮᠥᠨ᠂ ᠮᠥᠨ! 
       — ᠬᠡᠵᠢᠶ᠎ᠡ? ᠬᠡᠨ ᠲᠡᠢ?  ᠬᠡᠳᠦ ᠶ᠋ᠢ ᠠᠪᠤᠪᠠ?   
       — ᠤᠷᠵᠢᠳᠤᠷ ᠰᠥᠨᠢ᠂ ᠬᠠᠷ᠎ᠠ ᠨᠢᠳᠦᠲᠦ ᠪᠢᠳᠡ ᠬᠡᠳᠦᠭᠦᠯᠡ᠁ ᠸᠠᠩ ᠰᠣᠬᠣᠷ ᠤ᠋ᠨ ᠵᠡᠭᠦᠨ ᠬᠦᠷᠢᠶᠡᠨ ᠦ᠌ ᠬᠢᠨᠢ ᠵᠣᠭᠣᠷᠢ ᠶ᠋ᠢ ᠠᠭᠤᠳᠠᠯᠤᠭᠰᠠᠨ ᠶᠤᠮ᠃ ᠪᠢ ᠬᠣᠶᠠᠷᠬᠠᠨ ᠢ᠋ ᠯᠡ ᠠᠪᠤᠭᠰᠠᠨ᠃ 
       — ᠲᠠ ᠨᠠᠷ ᠤ᠋ᠨ ᠠᠷᠢᠬᠢ ᠬᠤᠯᠠᠭᠠᠢᠯᠠᠭᠰᠠᠨ ᠢ᠋ ᠬᠡᠨ ᠴᠦ᠍ ᠮᠡᠳᠡᠭᠡ ᠦᠭᠡᠢ ᠤᠤ? 
       — ᠮᠡᠳᠡᠭᠡ ᠦᠭᠡᠢ! 
       — ᠬᠣᠰᠢᠭᠤ ᠶᠠᠮᠤᠨ ᠳ᠋ᠤ᠌ ᠲᠠ ᠨᠠᠷ ᠤ᠋ᠨ ᠲᠤᠬᠠᠢ ᠵᠠᠷᠭᠤᠯᠳᠤᠭᠰᠠᠨ ᠢ᠋ ᠮᠡᠳᠡᠭᠰᠡᠨ ᠦᠭᠡᠢ ᠤᠤ? ᠭᠡᠵᠦ ᠴᠣᠭᠪᠠᠭᠠᠲᠤᠷ ᠠᠶᠤᠯᠭᠠᠨ ᠰᠦᠷᠳᠡᠭᠦᠯᠪᠡ᠃       ᠬᠥᠩᠬᠥᠷ ᠵᠠᠮᠪᠠᠯ ᠤ᠋ᠨ ᠨᠢᠳᠦ ᠨᠢ ᠪᠦᠯᠲᠡᠢᠪᠡ᠃  
       — ᠦᠨᠡᠨ ᠳ᠋ᠡᠭᠡᠨ ᠪᠢ ᠲᠡᠷᠡ ᠭᠠᠰᠢᠭᠤᠨ ᠤᠰᠤᠨ ᠳ᠋ᠤ᠌ ᠳᠤᠷ᠎ᠠ ᠦᠭᠡᠢ᠃ ᠲᠠᠨ ᠢ᠋ ᠢᠷᠡᠬᠦ ᠳ᠋ᠦ᠍ ᠰᠠᠢᠨ ᠠᠷᠢᠬᠢ ᠤᠤᠭᠤᠯᠭᠠᠬᠤ ᠶᠤᠮᠰᠠᠨ ᠭᠡᠵᠦ ᠸᠠᠩ ᠰᠣᠬᠣᠷ ᠤ᠋ᠨ ᠵᠣᠭᠣᠷᠢ᠁ ᠵᠣᠭᠣᠷᠢᠨ ᠠ᠋ᠴᠠ ᠬᠣᠶᠠᠷ ᠭᠠᠯᠠᠭᠤᠨ ᠬᠦᠵᠦᠭᠦᠲᠦ ᠲᠡᠪᠡᠷᠢᠭᠰᠡᠨ᠁ ᠭᠡᠵᠦ ᠬᠥᠩᠬᠥᠷ ᠵᠠᠮᠪᠠᠯ ᠢ᠋ ᠬᠡᠯᠡᠵᠦ ᠪᠠᠷᠠᠬᠤ ᠠ᠋ᠴᠠ ᠡᠮᠦᠨ᠎ᠡ ᠴᠣᠭᠪᠠᠭᠠᠲᠤᠷ ᠭᠡᠭ᠂  ᠬᠡᠭ ᠭᠡᠵᠦ ᠬᠣᠭᠣᠰᠤᠨ ᠢᠨᠢᠶᠡᠭᠡᠳ᠄
       — ᠭᠠᠭᠴᠠ ᠨᠠᠳᠠ ᠳ᠋ᠤ᠌ ᠯᠠ ᠤᠤᠭᠤᠯᠭᠠᠶ᠎ᠠ ᠭᠡᠰᠡᠨ ᠪᠣᠯ ᠶᠠᠭᠠᠬᠢᠬᠤ ᠪᠣᠢ? ᠰᠠᠢᠨ᠂ ᠰᠠᠢᠨ᠁ ᠭᠡᠳ ᠪᠥᠰᠡᠨ ᠡᠴᠡ ᠪᠡᠨ ᠠᠬᠤᠷ ᠫᠤᠤ ᠰᠤᠭᠤᠯᠵᠤ ᠭᠡᠷ ᠦ᠋ᠨ ᠠᠳᠠᠭᠠᠷ ᠤᠷᠤᠭᠤ ᠫᠠᠩ᠂ ᠫᠠᠩ ᠭᠡᠵᠦ ᠬᠣᠶᠠᠷ ᠫᠤᠤᠳᠠᠪᠠ᠃ ᠭᠡᠷ ᠳᠦᠭᠦᠷᠡᠩ ᠰᠠᠭᠤᠯᠴᠠᠭᠰᠠᠨ ᠬᠡᠦᠬᠡᠳ ᠪᠦᠰᠡᠭᠦᠢᠴᠦᠦᠯ ᠵᠢᠵᠢᠭᠢᠨᠠᠨ ᠣᠷᠢᠯᠠᠯᠳᠤᠵᠤ《ᠮᠥᠮᠥ ᠠ᠋᠂ ᠠᠪᠤ ᠠ᠋!》 ᠭᠡᠵᠦ ᠠᠶᠠᠭ᠎ᠠ ᠲᠠᠢ ᠪᠠᠨ ᠲᠡᠪᠡᠷᠢᠨ ᠴᠢᠬᠤᠯᠬᠠᠨ ᠡᠭᠦᠳᠡ ᠤᠷᠤᠭᠤ ᠰᠢᠪᠠᠯᠳᠤᠨ᠎ᠠ᠃ ᠰᠦᠮᠡᠭᠢ ᠮᠠᠭᠤ ᠳ᠋ᠧᠩ ᠦ᠋ᠨ ᠭᠡᠷᠡᠯ ᠳ᠋ᠦ᠍ ᠭᠡᠷ ᠦ᠋ᠨ ᠠᠳᠠᠭᠠᠷ ᠠ᠋ᠴᠠ ᠲᠣᠭᠣᠰᠣ ᠲᠣᠷᠲᠣᠭ᠂ ᠠᠭᠠᠯᠵᠢᠨ ᠲᠣᠣᠷ ᠰᠤᠨᠵᠢᠷᠠᠯᠳᠤᠨ ᠪᠤᠵᠢᠭᠢᠨᠠᠵᠤ ᠰᠢᠷᠡᠭᠡᠨ ᠳᠡᠭᠡᠷᠡᠬᠢ ᠢᠳᠡᠭᠡᠨ ᠳᠡᠭᠡᠭᠦᠷ ᠮᠠᠨᠠᠷᠠᠨ ᠪᠠᠭᠤᠨ᠎ᠠ᠃  
       — ᠠᠶᠠᠭ᠎ᠠ ᠲᠠᠢ ᠠᠷᠢᠬᠢ ᠪᠠᠨ ᠤᠤᠭᠤ! ᠭᠡᠵᠦ ᠴᠣᠭᠪᠠᠭᠠᠲᠤᠷ ᠬᠥᠩᠬᠥᠷ ᠵᠠᠮᠪᠠᠯ ᠢ᠋ ᠠᠷᠢᠬᠢᠨ ᠬᠠᠯᠠᠮᠴᠠᠭ ᠢ᠋ᠶ᠋ᠠᠷ ᠵᠠᠩᠳᠤᠷᠬᠤ ᠳ᠋ᠤ᠌ ᠲᠡᠷᠡ ᠬᠠᠨᠵᠤᠨ ᠤ᠋ ᠢᠷᠮᠡᠭ ᠡᠴᠡ ᠬᠥᠰᠡᠷ ᠱᠤᠳᠤᠷᠤᠨ ᠪᠠᠭᠤᠵᠤ ᠰᠥᠭᠥᠳᠦᠭᠡᠳ ᠠᠶᠠᠭ᠎ᠠ ᠲᠠᠢ ᠬᠢ ᠪᠡᠨ ᠬᠥᠨᠲᠥᠷᠪᠡ᠃ 
       ᠬᠠᠨᠵᠤᠨ ᠤ᠋ ᠬᠣᠢᠮᠣᠷ ᠵᠢᠰᠢᠭᠦᠦ ᠵᠠᠪᠢᠯᠠᠵᠤ ᠰᠠᠭᠤᠭᠰᠠᠨ ᠪᠥᠭᠲᠥᠷ ᠡᠪᠦᠭᠡᠨ ᠰᠠᠨᠳᠤᠷᠴᠤ᠄  
       — ᠱᠣᠤᠶᠧ ᠠ᠋!᠁ ᠪᠠᠢᠭ ᠳᠠ! ᠪᠢᠳᠡ ᠴᠢᠨᠢ ᠬᠡᠴᠢᠨᠡᠭᠡᠨ ᠵᠢᠯ ᠨᠠᠢᠷ ᠲᠠᠢ ᠰᠠᠢᠬᠠᠨ ᠶᠠᠪᠤᠯᠴᠠᠭᠰᠠᠨ ᠤᠯᠤᠰ ᠰᠢᠦ ᠭᠡᠵᠦ ᠭᠣᠩᠰᠢᠬᠤ ᠶ᠋ᠢ ᠴᠣᠭᠪᠠᠭᠠᠲᠤᠷ ᠣᠩᠭᠣᠭᠰᠠᠨ ᠤ᠋ ᠲᠡᠳᠦᠢ ᠳ᠋ᠦ᠍ ᠰᠠᠨᠠᠭᠰᠠᠨ ᠦᠭᠡᠢ᠃ ᠬᠥᠩᠬᠥᠷ ᠵᠠᠮᠪᠠᠯ ᠢ᠋ ᠬᠠᠷᠠᠵᠤ᠄ 
       — ᠸᠠᠩ ᠰᠣᠬᠣᠷ ᠳᠦ ᠪᠠᠷᠢᠭᠳᠠᠭᠰᠠᠨ ᠪᠣᠯ ᠴᠢ ᠥᠨᠥᠳᠥᠷ ᠮᠥᠨ ᠸᠠᠩ ᠰᠣᠬᠣᠷ ᠤ᠋ᠨ ᠡᠮᠦᠨ᠎ᠡ ᠨᠢ ᠰᠥᠭᠥᠳᠦᠭᠡᠳ《ᠴᠣᠭᠪᠠᠭᠠᠲᠤᠷ ᠳᠦ ᠤᠤᠭᠤᠯᠭᠠᠶ᠎ᠠ》 ᠭᠡᠵᠦ ᠨᠠᠮᠠᠶ᠋ᠢ ᠪᠠᠨ ᠡᠮᠦᠨ᠎ᠡ ᠪᠡᠨ ᠪᠠᠮᠪᠠᠢᠯᠠᠬᠤ ᠳ᠋ᠤ᠌ ᠪᠡᠯᠡᠬᠡᠨ ᠪᠠᠢᠬᠤ ᠪᠢᠵᠡ! ᠴᠢᠨᠦ ᠡᠨᠡ ᠶᠣᠷᠣ ᠪᠠᠷ᠁ ᠭᠡᠰᠡᠨ ᠳ᠋ᠦ᠍ ᠬᠥᠩᠬᠥᠷ ᠵᠠᠮᠪᠠᠯ᠄ 
       — ᠦᠭᠡᠢ! ᠦᠭᠡᠢ᠁ ᠶᠠᠭᠠᠬᠢᠯ᠎ᠠ ᠭᠡᠵᠦ ᠲᠠᠨ ᠢ᠋᠁ ᠲᠠᠨ ᠢ᠋᠁  
       — ᠬᠡᠩ! ᠮᠠᠭᠤ ᠰᠠᠢᠨ ᠰᠥᠰᠥ ᠦᠭᠡᠢ ᠵᠠᠨᠠᠭ ᠤ᠋ᠳ ᠢ᠋ ᠮᠡᠳᠡᠬᠦ ᠦᠭᠡᠢ ᠴᠦ᠍ ᠪᠢᠰᠢ᠃ ᠳᠤᠬᠤᠨ ᠤ᠋ ᠴᠢᠨᠢ ᠠᠷᠤ ᠳ᠋ᠤ᠌《ᠬᠣᠵᠤᠤᠯ᠎ᠠ ᠶ᠋ᠢᠨ ᠪᠥᠭᠰᠡ》③ ᠲᠤᠯᠭᠠᠬᠤ ᠳ᠋ᠤ᠌ ᠯᠠ ᠥᠮᠥᠳᠥᠨ ᠳ᠋ᠡᠭᠡᠨ ᠰᠢᠭᠡᠰᠦ ᠠᠯᠳᠠᠭᠠᠳ ᠪᠦᠭᠦᠳᠡ ᠶ᠋ᠢ ᠪᠡᠨ ᠭᠣᠭᠣᠵᠢᠭᠤᠯᠬᠤ ᠳ᠋ᠤ᠌ ᠪᠡᠯᠡᠨ ᠲᠠᠨᠠᠷ᠃ 
       — ᠬᠠᠮᠢᠭ᠎ᠠ ᠠ᠋ᠴᠠ ᠲᠡᠭᠡᠬᠦ ᠪᠣᠢ? ᠲᠠᠨ ᠤ᠋ ᠶᠡᠬᠡ ᠠᠴᠢ ᠶ᠋ᠢ ᠪᠢᠳᠡ ᠤᠳᠤᠮ ᠤᠭᠰᠠᠭ᠎ᠠ ᠪᠠᠷ ᠢ᠋ᠶ᠋ᠠᠨ ᠬᠡᠵᠢᠶ᠎ᠡ ᠴᠦ᠍ ᠮᠠᠷᠲᠠᠬᠤ ᠦᠭᠡᠢ᠃  
       — ᠵᠠ᠂ ᠪᠡᠯᠴᠢᠭᠡᠷ ᠢ᠋ᠶ᠋ᠡᠨ ᠲᠠᠨᠢᠪᠠᠯ ᠮᠠᠯ᠂ ᠪᠡᠶ᠎ᠡ ᠪᠡᠨ ᠮᠡᠳᠡᠪᠡᠯ ᠬᠥᠮᠦᠨ ᠭᠡᠳᠡᠭ ᠰᠢᠦ! 
       — ᠮᠡᠳᠡᠯ᠎ᠡ᠂ ᠮᠡᠳᠡᠯ᠎ᠡ᠁ 
       — ᠴᠢ ᠶᠠᠭᠤ ᠮᠡᠳᠡᠪᠡ?  
       — ᠁   
       — ᠴᠢ ᠳᠠᠯᠳᠠᠭᠤᠷ ᠬᠠᠷ᠎ᠠ ᠨᠢᠳᠦᠲᠦ ᠶ᠋ᠢ ᠳᠠᠭᠠᠵᠤ ᠪᠠᠷᠤᠭᠲᠠᠢᠬᠠᠨ ᠳᠡᠯᠳᠡᠭᠡᠨᠡᠭᠡᠳ ᠪᠠᠢ᠃ ᠲᠡᠷᠡ ᠬᠥᠨᠳᠡᠯᠡᠨ ᠬᠥᠬᠡ ᠴᠢᠷᠠᠢᠲᠤ ᠬᠥᠮᠦᠨ ᠠᠯᠠᠬᠤ ᠳ᠋ᠤ᠌ ᠴᠢᠰᠤ ᠲᠥᠰᠦᠷᠭᠡᠳᠡᠭ ᠦᠭᠡᠢ ᠬᠡᠷᠴᠡᠭᠡᠢ ᠠᠮᠢᠲᠠᠨ ᠭᠡᠰᠡᠨ! 
       — ᠮᠡᠳᠡᠯ᠎ᠡ᠂ ᠮᠡᠳᠡᠯ᠎ᠡ᠃  
       — ᠳᠠᠬᠢᠵᠤ ᠮᠢᠨᠦ ᠠᠷᠤ ᠪᠠᠷ ᠬᠤᠯᠠᠭᠠᠢ ᠳᠡᠭᠡᠷᠡᠮ ᠬᠢᠵᠦ᠂ ᠱᠣᠯᠢ ᠦᠭᠡᠢ ᠶᠠᠭᠤᠮ᠎ᠠ ᠰᠣᠨᠣᠰᠬᠠᠪᠠᠯ ᠤᠤ ᠶᠣᠰᠣᠲᠠᠢ ᠭᠠᠪᠠᠯᠠ ᠶ᠋ᠢ ᠴᠢᠨᠢ ᠰᠡᠬᠦᠵᠦ ᠭᠠᠪᠵᠤ ᠯᠠᠮᠠᠬᠠᠢ ᠶ᠋ᠢᠨ ᠰᠢᠭᠡᠰᠦᠨ ᠦ᠌ ᠣᠩᠬᠣᠷ ᠪᠣᠯᠭᠠᠶ᠎ᠠ ᠪᠠᠢᠵᠠ᠁ ᠭᠡᠳ ᠠᠬᠤᠷ ᠫᠤᠤ ᠪᠠᠨ ᠬᠤᠢᠯᠠᠪᠠ᠃  
       ᠬᠥᠩᠬᠥᠷ ᠵᠠᠮᠪᠠᠯ ᠴᠣᠭᠪᠠᠭᠠᠲᠤᠷ ᠤ᠋ᠨ ᠫᠤᠤ ᠬᠤᠢᠯᠠᠬᠤ ᠴᠢᠮᠡᠭᠡ ᠪᠡᠷ ᠬᠢᠯᠠᠮᠬᠢᠨ ᠬᠠᠷᠠᠵᠤ ᠠᠪᠤᠭᠠᠳ᠄ 
       — ᠵᠠ᠂ ᠮᠡᠳᠡᠯ᠎ᠡ᠂ ᠮᠡᠳᠡᠯ᠎ᠡ ᠭᠡᠳ ᠴᠣᠭᠪᠠᠭᠠᠲᠤᠷ ᠤ᠋ᠨ ᠡᠮᠦᠨᠡᠬᠢ ᠬᠠᠷ᠎ᠠ ᠱᠠᠭᠠᠵᠠᠩ ᠳ᠋ᠤ᠌ ᠠᠷᠢᠬᠢ ᠨᠡᠮᠡᠪᠡ᠃ ᠡᠨᠡ ᠬᠣᠭᠣᠷᠣᠨᠳᠣ ᠬᠥᠩᠬᠥᠷ ᠵᠠᠮᠪᠠᠯ ᠤ᠋ᠨ ᠡᠴᠢᠭᠡ ᠪᠥᠭᠲᠥᠷ ᠡᠪᠦᠭᠡᠨ ᠬᠠᠨᠵᠤᠨ ᠤ᠋ ᠲᠤᠯᠭᠠᠭᠤᠷᠢ ᠶ᠋ᠢᠨ ᠴᠠᠭᠠᠭᠤᠷ ᠲᠤᠯᠭᠠᠨ ᠤ᠋ ᠳᠡᠭᠲᠡᠷ ᠢ᠋ᠶ᠋ᠡᠷ ᠪᠠᠭᠤᠵᠤ ᠬᠥᠭᠰᠢᠨ ᠮᠤᠤᠷ ᠰᠢᠭ᠋ ᠰᠡᠮᠡᠭᠡᠷᠬᠡᠨ ᠭᠤᠯᠭᠤᠨ ᠶᠠᠪᠤᠪᠠ᠃  
     ᠨᠠᠢᠷ ᠤ᠋ᠨ ᠰᠢᠷᠡᠭᠡᠨ ᠳᠡᠭᠡᠷ᠎ᠡ ᠴᠣᠭᠪᠠᠭᠠᠲᠤᠷ ᠤ᠋ᠨ ᠢᠮᠠᠭ᠎ᠠ ᠲᠠᠭᠤᠭᠰᠠᠨ④ ᠠ᠋ᠴᠠ ᠬᠡᠦᠬᠡᠳ ᠪᠦᠰᠡᠭᠦᠢᠴᠦᠦᠯ ᠳᠠᠬᠢᠵᠤ ᠡᠨᠡ ᠭᠡᠷ ᠲᠦ᠍ ᠱᠠᠭᠠᠢᠬᠤ ᠠ᠋ᠴᠠ ᠪᠠᠨ ᠬᠠᠯᠢᠷᠠᠨ ᠰᠠᠷᠠᠨ ᠤ᠋ ᠭᠡᠷᠡᠯ ᠳ᠋ᠦ᠍ ᠭᠡᠷ ᠦ᠋ᠨ ᠰᠠᠷᠠᠪᠴᠢᠨ ᠳᠣᠣᠷ᠎ᠠ ᠦᠷᠭᠦᠭᠰᠡᠨ ᠲᠠᠬᠢᠶᠠᠳ ᠰᠢᠭ᠋ ᠬᠦᠵᠦᠭᠦᠦ ᠭᠣᠷᠣᠢᠨ ᠪᠡᠭᠡᠪᠡᠢᠨ᠎ᠡ᠃ 
       ᠰᠠᠷᠠᠨ ᠲᠡᠷᠭᠡᠯᠰᠢᠪᠡ᠃ ᠭᠡᠲᠡᠯ᠎ᠡ ᠬᠥᠩᠬᠥᠷ ᠵᠠᠮᠪᠠᠯ ᠤ᠋ᠨ ᠲᠡᠷᠭᠡᠯ ᠰᠠᠷᠠᠨ ᠤ᠋ ᠨᠠᠢᠷ ᠨᠢ ᠣᠯᠢᠭᠲᠠᠢ ᠶᠠᠭᠤᠮ᠎ᠠ ᠪᠣᠯᠤᠭᠰᠠᠨ ᠦᠭᠡᠢ᠃ ᠲᠡᠭᠡᠪᠡᠴᠦ ᠴᠣᠭᠪᠠᠭᠠᠲᠤᠷ ᠤ᠋ᠨ ᠤᠷᠰᠢᠭ ᠠ᠋ᠴᠠ ᠪᠣᠯᠤᠯ᠎ᠠ ᠭᠡᠵᠦ ᠬᠡᠨ ᠬᠡᠯᠡᠵᠦ ᠴᠢᠳᠠᠬᠤ ᠪᠣᠢ? ᠠᠳᠠᠭ ᠨᠢ ᠲᠡᠭᠦᠨ ᠢ᠋ ᠮᠤᠰᠢᠭᠠᠢ ᠰᠠᠨᠠᠵᠤ ᠴᠤ᠌ ᠴᠢᠳᠠᠬᠤ ᠬᠥᠮᠦᠨ ᠡᠳᠡᠨ ᠦ᠌ ᠳ᠋ᠦ᠍ ᠪᠠᠢᠭᠰᠠᠨ ᠦᠭᠡᠢ᠃ ᠤᠴᠢᠷ ᠨᠢ ᠵᠢᠯ ᠪᠦᠷᠢ ᠶ᠋ᠢᠨ ᠴᠠᠭᠠᠨ ᠰᠠᠷ᠎ᠠ᠂ ᠲᠡᠭᠦᠰ ᠨᠠᠮᠤᠷ ᠤ᠋ᠨ ᠲᠡᠷᠭᠡᠯ ᠰᠠᠷᠠᠨ ᠤ᠋ ᠨᠠᠢᠷ ᠤ᠋ᠨ ᠬᠣᠨᠢ ᠢᠮᠠᠭᠠᠨ ᠤ᠋ ᠮᠢᠬ᠎ᠠ ᠶ᠋ᠢ ᠴᠣᠭᠪᠠᠭᠠᠲᠤᠷ ᠤ᠋ᠨ ᠴᠢᠷᠠᠢ ᠬᠠᠷᠠᠵᠤ ᠣᠯᠳᠠᠭ ᠲᠤ ᠲᠡᠷᠡ ᠡᠴᠢᠭᠡ ᠶ᠋ᠢᠨ ᠢ᠋ᠶ᠋ᠡᠨ ᠠᠭᠤᠷ ᠢ᠋ ᠬᠦᠷᠭᠡᠬᠦ ᠶᠦᠮ ᠪᠣᠯ ᠡᠨᠡ ᠨᠤᠲᠤᠭ ᠲᠤ ᠬᠥᠯ ᠲᠣᠭᠲᠠᠬᠤ ᠳ᠋ᠤ᠌ ᠪᠡᠷᠬᠡ ᠭᠡᠭᠴᠢ ᠶ᠋ᠢ ᠡᠳᠡᠨᠥᠰ ᠳᠠᠷᠠᠭ᠎ᠠ ᠦᠶ᠎ᠡ ᠳ᠋ᠡᠭᠡᠨ ᠬᠦᠷᠲᠡᠯ᠎ᠡ ᠮᠡᠳᠡᠨ᠎ᠡ᠃ ᠢᠩᠭᠢᠬᠦᠯᠡᠷ ᠴᠣᠭᠪᠠᠭᠠᠲᠤᠷ ᠤ᠋ᠨ ᠡᠮᠦᠨ᠎ᠡ ᠡᠴᠡ ᠦᠭᠡ ᠳᠤᠤᠭᠠᠷᠬᠤ ᠪᠠᠢᠲᠤᠭᠠᠢ᠂ ᠠᠰ ᠬᠠᠷᠠᠵᠤ ᠴᠤ᠌ ᠴᠢᠳᠠᠬᠤ ᠦᠭᠡᠢ ᠪᠢᠯᠡ᠃ ᠴᠣᠭᠪᠠᠭᠠᠲᠤᠷ ᠡᠳᠡᠨ ᠦ᠌ ᠳ᠋ᠦ᠍ ᠢᠩᠭᠢᠵᠦ ᠪᠠᠢᠭ᠎ᠠ ᠨᠢ ᠭᠠᠪᠢᠶᠠᠨ ᠳ᠋ᠠᠭᠠᠨ ᠡᠷᠳᠦᠨ ᠭᠠᠴᠢᠵᠤ ᠪᠠᠢᠭ᠎ᠠ ᠴᠤ᠌ ᠪᠢᠰᠢ! ᠡᠨᠡ ᠮᠡᠲᠦ ᠶ᠋ᠢᠨ ᠨᠣᠪᠰᠢ ᠨᠢ ᠠᠷᠴᠢᠭᠳᠠᠳᠠᠭ ᠦᠭᠡᠢ ᠬᠥᠮᠦᠰ ᠢ᠋ ᠬᠠᠶᠠ ᠳ᠋ᠠᠭᠠᠨ ᠨᠢᠭᠡ ᠢᠮᠠᠭ᠎ᠠ ᠲᠠᠭᠤᠵᠤ ᠪᠤᠵᠢᠭᠢᠨᠠᠭᠤᠯᠬᠤ ᠦᠭᠡᠢ ᠪᠣᠯ ᠬᠢᠷᠢ ᠪᠡᠨ ᠮᠡᠳᠡᠬᠦ ᠦᠭᠡᠢ ᠬᠡᠮᠵᠢᠶ᠎ᠡ ᠲᠣᠮᠵᠢᠶ᠎ᠠ ᠪᠠᠨ ᠠᠯᠳᠠᠭᠠᠳ ᠬᠡᠲᠦᠷᠡᠬᠦ ᠭᠡᠳ ᠪᠠᠢᠳᠠᠭ ᠲᠤ ᠪᠣᠢ᠃ ᠲᠡᠭᠡᠬᠦᠯᠡᠷ ᠡᠨᠡ ᠬᠥᠮᠦᠰ ᠡᠯᠵᠢᠭᠡ ᠮᠣᠳᠣᠨ ᠬᠤᠳᠠᠷᠭᠠᠨ ᠳ᠋ᠠᠭᠠᠨ ᠵᠣᠬᠢᠷᠠᠨ᠎ᠠ ᠭᠡᠳᠡᠭ ᠢ᠋ᠶ᠋ᠡᠷ ᠴᠣᠭᠪᠠᠭᠠᠲᠤᠷ ᠰᠢᠭ᠋ ᠡᠷ᠎ᠡ ᠶ᠋ᠢᠨ ᠪᠠᠯᠠᠮᠠᠳ ᠳᠡᠭᠡᠷᠡᠩᠭᠦᠢ ᠳ᠋ᠦ᠍ ᠵᠣᠬᠢᠷᠠᠳᠠᠭ ᠨᠢ ᠪᠠᠰᠠ ᠰᠣᠨᠢᠨ! 
       ᠴᠣᠭᠪᠠᠭᠠᠲᠤᠷ ᠤ᠋ᠨ ᠠᠭᠤᠷ ᠤᠴᠠᠭᠠᠷ ᠨᠢ ᠬᠦᠷᠦᠭᠰᠡᠨ ᠭᠣᠣᠯ ᠰᠢᠯᠲᠠᠭᠠᠨ ᠢ᠋ ᠬᠥᠩᠬᠥᠷ ᠵᠠᠮᠪᠠᠯ ᠠ᠋ᠴᠠ ᠥᠭᠡᠷ᠎ᠡ ᠬᠥᠮᠦᠨ ᠶᠠᠭᠠᠬᠢᠵᠤ ᠮᠡᠳᠡᠬᠦ ᠪᠣᠢ! ᠴᠣᠭᠪᠠᠭᠠᠲᠤᠷ ᠬᠠᠮᠢᠭ᠎ᠠ ᠴᠤ᠌ ᠭᠡᠰᠡᠨ ᠠᠷᠢᠬᠢᠨ ᠤ᠋ ᠰᠢᠷᠡᠭᠡᠨ ᠳ᠋ᠦ᠍ ᠰᠠᠭᠤᠬᠤ ᠪᠣᠯᠭᠠᠨ ᠡᠮᠡᠰ ᠥᠬᠢᠳ ᠢ᠋ᠶ᠋ᠡᠷ ᠠᠷᠢᠬᠢ ᠬᠡᠮᠨᠡᠭᠦᠯᠦᠨ ᠳᠠᠭᠤᠯᠠᠭᠤᠯᠵᠤ ᠮᠢᠰᠢᠯᠵᠡᠭᠦᠯᠬᠦ ᠶ᠋ᠢ ᠠᠷᠢᠬᠢᠨ ᠤ᠋ ᠴᠢᠮᠡᠭ ᠢ᠋ᠶ᠋ᠡᠷ ᠦᠵᠡᠨ ᠨᠠᠢᠷ ᠳᠠᠪᠤᠰᠤᠯᠠᠬᠤ ᠶ᠋ᠢ ᠦᠯᠡᠮᠵᠢ ᠡᠷᠬᠢᠮᠯᠡᠳᠡᠭ ᠭᠡᠨ᠎ᠡ᠃  
       ᠴᠣᠭᠪᠠᠭᠠᠲᠤᠷ ᠤ᠋ᠨ ᠡᠮᠦᠨ᠎ᠡ ᠬᠥᠩᠬᠥᠷ ᠵᠠᠮᠪᠠᠯ ᠨᠣᠮᠣᠬᠠᠨ ᠮᠣᠷᠢᠨ ᠤ᠋ ᠬᠢᠨᠢ ᠨᠣᠭᠲᠣ᠂ ᠳᠣᠭᠰᠢᠨ ᠮᠣᠷᠢᠨ ᠤ᠋ ᠬᠢᠨᠢ ᠴᠢᠳᠥᠷ ᠨᠢ ᠪᠣᠯᠤᠨ ᠱᠣᠭᠰᠢᠳᠠᠭ ᠬᠥᠮᠦᠨ ᠦ᠌ ᠬᠤᠪᠢ ᠳ᠋ᠤ᠌ ᠲᠡᠷᠡ ᠡᠭᠦᠨ ᠢ᠋ ᠶᠠᠭᠤᠨ ᠳ᠋ᠤ᠌ ᠠᠨᠳᠠᠬᠤ ᠪᠣᠢ! ᠵᠥᠪᠬᠡᠨ ᠭᠡᠷ ᠦ᠋ᠨ ᠨᠠᠢᠷ ᠤ᠋ᠨ ᠡᠮᠦᠨ᠎ᠡ ᠳᠠᠩᠴᠤ ᠨᠢᠭᠡ ᠵᠠᠪᠬᠠᠢᠷᠠᠵᠤ ᠦᠯᠦ ᠪᠣᠯᠬᠤ ᠲᠤᠯᠠ ᠲᠦᠷ ᠬᠣᠢᠰᠢᠯᠠᠭᠤᠯᠤᠭᠰᠠᠨ ᠲᠡᠳᠦᠢ᠃ 
       ᠪᠦᠰᠡᠭᠦᠢ ᠬᠡᠦᠬᠡᠳ ᠦ᠋ᠳ ᠡᠨᠡ ᠲᠡᠷᠡ ᠬᠥᠮᠦᠰ ᠰᠢᠷᠡᠭᠡᠨ ᠡᠴᠡ ᠵᠠᠢᠯᠠᠭᠰᠠᠨ ᠬᠣᠢᠨ᠎ᠠ ᠬᠥᠩᠬᠥᠷ ᠵᠠᠮᠪᠠᠯ ᠤᠤᠯ ᠤ᠋ᠨ ᠲᠥᠯᠥᠪᠯᠡᠭᠡ ᠶᠣᠰᠣᠭᠠᠷ ᠬᠠᠷ᠎ᠠ ᠱᠠᠭᠠᠵᠠᠩ ᠳ᠋ᠠᠭᠠᠨ ᠳᠦᠭᠦᠷᠡᠩ ᠳᠦᠭᠦᠷᠡᠩ ᠠᠷᠢᠬᠢ ᠬᠡᠮᠨᠡᠬᠦ ᠳ᠋ᠦ᠍ ᠬᠣᠶᠠᠷ ᠵᠠᠯᠠᠭᠤᠬᠠᠨ ᠴᠢᠷᠠᠢᠯᠢᠭ ᠱᠣᠢᠱᠣᠭ ᠡᠮ᠎ᠡ ᠭᠠᠵᠠᠷ ᠰᠢᠪᠦᠭᠡᠳᠡᠭᠰᠡᠭᠡᠷ ᠣᠷᠣᠵᠤ ᠢᠷᠡᠨ ᠬᠠᠨᠵᠤ ᠤᠷᠤᠭᠤ ᠥᠭᠰᠥᠵᠦ ᠴᠣᠭᠪᠠᠭᠠᠲᠤᠷ ᠤ᠋ᠨ ᠬᠣᠶᠠᠷ ᠲᠠᠯ᠎ᠠ ᠠ᠋ᠴᠠ ᠨᠠᠯᠠᠵᠤ ᠰᠠᠭᠤᠪᠠ᠃ ᠨᠢᠳᠦ ᠬᠥᠮᠥᠰᠬᠡ ᠪᠡᠨ ᠪᠡᠬᠡᠳᠡᠵᠦ ᠤᠷᠤᠭᠤᠯ ᠠᠮᠠ ᠪᠠᠨ ᠴᠢᠰᠤᠳᠠᠭᠰᠠᠨ ᠬᠣᠶᠠᠷ ᠱᠣᠢᠱᠣᠭ ᠡᠮ᠎ᠡ ᠮᠢᠬ᠎ᠠ ᠭᠣᠷᠢᠯᠠᠭᠰᠠᠨ ᠮᠤᠤᠷ ᠰᠢᠭ᠋ ᠴᠣᠭᠪᠠᠭᠠᠲᠤᠷ ᠤ᠋ᠨ ᠬᠦᠵᠦᠭᠦᠦ ᠪᠡᠷ ᠲᠡᠪᠡᠷᠢᠵᠦ ᠡᠪᠦᠷ ᠳᠡᠭᠡᠷ᠎ᠡ ᠨᠢ ᠥᠩᠬᠥᠷᠢᠨ《 ᠴᠢ ᠪᠠᠢᠵᠠ᠂ ᠪᠢ ᠤᠷᠢᠳ ᠢ᠋ᠶ᠋ᠠᠷ᠁》 ᠭᠡᠰᠡᠨ ᠰᠢᠭ ᠢᠷᠪᠠᠭᠠᠨᠠᠨ ᠨᠠᠭᠠᠯᠢᠩᠬᠠᠢᠲᠤᠨ᠎ᠠ᠃ 
       ᠴᠣᠭᠪᠠᠭᠠᠲᠤᠷ ᠤ᠋ᠨ ᠮᠠᠩᠨᠠᠢ ᠶ᠋ᠢ ᠪᠦᠷᠬᠦᠭᠰᠡᠨ ᠡᠭᠦᠯᠡ ᠠᠷᠢᠯᠵᠤ ᠢᠨᠢᠶᠡᠳᠦ ᠬᠠᠨᠢᠶᠠᠳᠤ ᠲᠠᠢ ᠪᠣᠯᠬᠤ ᠳ᠋ᠤ᠌ ᠬᠥᠩᠬᠥᠷ ᠵᠠᠮᠪᠠᠯ ᠨᠢᠭᠡ ᠲᠣᠮᠣ ᠲᠠᠷᠪᠤᠰ ᠲᠡᠪᠡᠷᠢᠵᠦ ᠢᠷᠡᠭᠡᠳ ᠬᠠᠨᠵᠤᠨ ᠤ᠋ ᠢᠷᠮᠡᠭ ᠦ᠋ᠨ ᠮᠣᠳᠣᠨ ᠠᠮᠪᠠᠨ ᠳᠡᠭᠡᠷ᠎ᠡ ᠲᠠᠯᠪᠢᠵᠤ ᠭᠬᠢᠷ ᠵᠠᠭᠤᠭᠰᠠᠨ ᠬᠢᠮᠤᠰᠤ ᠪᠠᠷ ᠢ᠋ᠶ᠋ᠠᠨ ᠥᠨᠥᠬᠢ ᠲᠠᠷᠪᠤᠰ ᠤ᠋ᠨ ᠳᠡᠭᠡᠷ᠎ᠡ ᠨᠢᠳᠦ ᠬᠥᠮᠥᠰᠬᠡ᠂ ᠬᠠᠮᠠᠷ ᠠᠮᠠ᠁ ᠵᠢᠷᠤᠭᠠᠳ᠄  
       — ᠵᠠ᠂ ᠱᠣᠤᠶᠧ ᠥᠨᠥᠬᠢ ᠶ᠋ᠢ ᠠᠯᠠᠬᠤ ᠤᠤ? ᠭᠡᠯ᠎ᠡ᠃ 
       — ᠡᠨᠡ ᠬᠡᠨ ᠦ᠌ ᠲᠣᠯᠣᠭᠠᠢ ᠪᠣᠢ? ᠭᠡᠵᠦ ᠴᠣᠭᠪᠠᠭᠠᠲᠤᠷ ᠵᠣᠷᠢᠭᠤᠳᠠ ᠠᠰᠠᠭᠤᠪᠠᠯ ᠬᠥᠩᠬᠥᠷ ᠵᠠᠮᠪᠠᠯ ᠰᠡᠬᠡᠰᠬᠢᠨ ᠵᠠᠪᠳᠤᠵᠤ᠄ 
       — ᠡᠯᠳᠡᠩᠭᠡ ᠲᠤᠰᠠᠯᠠᠭᠴᠢ ᠶ᠋ᠢᠨ ᠲᠣᠯᠣᠭᠠᠢ! ᠭᠡᠪᠡ᠃  
       ᠴᠣᠭᠪᠠᠭᠠᠲᠤᠷ ᠲᠣᠯᠣᠭᠠᠢ ᠪᠠᠨ ᠳᠣᠬᠢᠵᠤ ᠵᠥᠪᠰᠢᠶᠡᠷᠡᠯ ᠥᠭᠴᠦ᠄  
       — ᠴᠠᠭᠠᠳᠤᠬᠢ ᠠ᠋ᠴᠠ ᠪᠠᠨ ᠪᠠᠰᠠ ᠨᠢᠭᠡ ᠶ᠋ᠢ ᠠᠪᠴᠤ ᠢᠷ᠎ᠡ! ᠠᠯᠢ ᠪᠦᠳᠦᠭᠦᠨ ᠰᠢᠭ ᠡᠴᠡ ᠨᠢ᠁ ᠭᠡᠪᠡᠯ᠂ ᠴᠠᠭᠠᠳᠤᠭᠤᠯᠠ ᠨᠢ ᠭᠦᠶᠦᠵᠦ ᠶᠠᠪᠤᠭᠠᠳ ᠨᠢᠭᠡ ᠪᠦᠳᠦᠭᠦᠨ ᠭᠡᠭᠴᠢ ᠲᠠᠷᠪᠤᠰ ᠲᠡᠪᠡᠷᠢᠵᠦ ᠢᠷᠡᠨ《ᠬᠡᠨ ᠢ᠋ ᠠᠯᠠᠬᠤ ᠤᠤ?》 ᠭᠡᠰᠡᠨ ᠰᠢᠭ ᠮᠡᠯᠡᠷᠡᠨ ᠵᠣᠭᠰᠣᠨ᠎ᠠ᠃ 
       — ᠸᠠᠩ ᠰᠣᠬᠣᠷ ᠤ᠋ᠨ ᠬᠠᠯᠵᠠᠨ ᠲᠣᠯᠣᠭᠠᠢ ᠶ᠋ᠢ ᠵᠢᠷᠤ! ᠤᠷᠢᠳ ᠢ᠋ᠶ᠋ᠠᠷ ᠸᠠᠩ ᠰᠣᠬᠣᠷ ᠢ᠋ ᠠᠯᠠᠴᠢᠬᠠᠭᠠᠳ ᠮᠡᠳᠡᠶ᠎ᠡ ᠭᠡᠵᠦ ᠴᠣᠭᠪᠠᠭᠠᠲᠤᠷ ᠬᠡᠯᠡᠬᠦ ᠳ᠋ᠦ᠍ ᠬᠥᠩᠬᠥᠷ ᠵᠠᠮᠪᠠᠯ《ᠵᠠ!》 ᠭᠡᠳ ᠲᠡᠷᠡ ᠪᠦᠳᠦᠭᠦᠨ ᠲᠠᠷᠪᠤᠰ ᠤ᠋ᠨ ᠳᠡᠭᠡᠷ᠎ᠡ ᠨᠢᠭᠡ ᠨᠢᠳᠦ ᠲᠡᠢ ᠬᠥᠮᠦᠨ ᠦ᠌ ᠳᠦᠷᠰᠦ ᠶ᠋ᠢ ᠲᠦᠳᠡᠬᠡᠨ ᠵᠢᠷᠤᠵᠤ ᠭᠠᠷᠭᠠᠭᠠᠳ᠄  
       — ᠵᠠ᠂ ᠣᠳᠣ ᠣᠭᠲᠣᠯᠬᠤ ᠤᠤ? ᠭᠡᠯ᠎ᠡ᠃ 
       — ᠴᠠᠪᠴᠢ! ᠭᠡᠵᠦ ᠴᠡᠷᠢᠭ ᠦ᠋ᠨ ᠵᠠᠷᠯᠢᠭ ᠰᠢᠭ᠋ ᠴᠣᠭᠪᠠᠭᠠᠲᠤᠷ ᠤ᠋ᠨ ᠰᠢᠷᠦᠭᠦᠨ ᠳᠠᠭᠤᠨ ᠳ᠋ᠤ᠌ ᠮᠣᠳᠣᠨ ᠪᠠᠷᠢᠭᠤᠯ ᠲᠠᠢ ᠭᠠᠬᠠᠢ ᠠᠯᠠᠳᠠᠭ ᠤᠷᠲᠤ ᠬᠢᠲᠤᠭᠠᠨ ᠤ᠋ ᠲᠣᠷᠭᠠᠨ ᠢᠷ ᠲᠦ᠍ ᠸᠠᠩ ᠰᠣᠬᠣᠷ᠂ ᠡᠯᠳᠡᠩᠭᠡ ᠶ᠋ᠢᠨ ᠲᠣᠯᠣᠭᠠᠢ ᠲᠠᠯ᠎ᠠ ᠲᠠᠯ᠎ᠠ ᠪᠣᠯᠪᠠ᠃  
      《ᠬᠠ ᠬᠠ᠂ ᠬᠢ ᠬᠢ》 ᠭᠡᠬᠦ ᠥᠳᠬᠡᠨ ᠰᠢᠩᠭᠡᠨ ᠢᠨᠢᠶᠡᠬᠦ ᠳᠠᠭᠤᠨ ᠰᠢᠪᠠᠷ ᠪᠠᠢᠰᠢᠩ ᠤ᠋ᠨ ᠳᠡᠭᠡᠪᠦᠷ ᠢ᠋ ᠡᠷᠭᠦᠴᠢᠬᠡᠮᠡᠷ ᠪᠣᠯᠪᠠ᠁   
       ᠬᠠᠷ᠎ᠠ ᠱᠠᠭᠠᠵᠠᠩ ᠲᠠᠢ ᠠᠷᠢᠬᠢ ᠬᠣᠭᠣᠰᠣᠷᠠᠵᠤ ᠰᠢᠷᠡᠭᠡᠨ ᠳᠡᠭᠡᠷ᠎ᠡ ᠬᠥᠮᠥᠷᠢᠭᠳᠡᠬᠦ ᠳ᠋ᠦ᠍ ᠭᠠᠭᠴᠠ ᠴᠣᠭᠪᠠᠭᠠᠲᠤᠷ ᠤ᠋ᠨ ᠡᠮᠦᠨᠡᠬᠢ ᠱᠠᠭᠠᠵᠠᠩ ᠲᠠᠢ ᠠᠷᠢᠬᠢ ᠬᠤᠰᠤᠮ ᠲᠠᠢ ᠦᠯᠡᠳᠡᠵᠦ《ᠮᠣᠩᠭᠣᠯ ᠬᠥᠮᠦᠨ ᠢᠳᠡᠭᠰᠡᠨ ᠠᠶᠠᠭ᠎ᠠ ᠪᠠᠨ ᠬᠥᠮᠥᠷᠢᠬᠦ ᠨᠢ ᠨᠢᠭᠦᠯ》 ᠭᠡᠰᠡᠨ ᠰᠢᠭ ᠬᠡᠰᠢᠭ ᠲᠣᠰᠣᠨ ᠦᠯᠡᠳᠡᠵᠡᠢ᠃ 
       — ᠵᠠᠮᠪᠠᠯ ᠠ᠋! ᠲᠡᠷᠡ ᠵᠢᠯ᠂ ᠰᠤᠪᠠᠢ ᠷᠤᠯᠮ᠎ᠠ ᠶ᠋ᠢᠨ ᠳ᠋ᠦ᠍ ᠳ᠋ᠠᠭᠲᠠᠨ ᠳᠠ ᠯᠠᠮᠠ《ᠶᠠᠭᠤ ᠶᠠᠭᠤ》 ᠭᠡᠰᠡᠨ ᠰᠢᠭ ᠢ᠋ᠶ᠋ᠡᠷ ᠨᠣᠶᠠᠨ ᠰᠠᠩ ᠤ᠋ᠨ ᠵᠤᠰᠠᠭᠠᠯ ᠳᠡᠭᠡᠷ᠎ᠡ ᠶᠠᠭᠠᠬᠢᠯ᠎ᠠ⁈ ᠲᠡᠢᠮᠦ ᠬᠤᠳᠠᠷᠭ᠎ᠠ ᠦᠭᠡᠢ ᠪᠥᠭᠰᠡᠨ ᠳᠣᠣᠷ᠎ᠠ ᠪᠠᠨ ᠪᠠᠭᠠᠰᠤ ᠲᠠᠢ ᠶᠠᠭᠤᠮ᠎ᠠ ᠳᠠᠬᠢᠵᠤ ᠬᠢᠬᠦ ᠦᠭᠡᠢ ᠰᠢᠦ᠃ ᠮᠡᠳᠡᠪᠡ ᠤᠤ?  
       — ᠵᠠ᠂ ᠮᠡᠳᠡᠯ᠎ᠡ ᠮᠡᠳᠡᠯ᠎ᠡ!
       ᠴᠣᠭᠪᠠᠭᠠᠲᠤᠷ ᠭᠠᠷᠴᠤ ᠰᠢᠩᠭᠡᠨ ᠮᠥᠷ ᠦᠵᠡᠴᠢᠬᠡᠭᠡᠳ ᠮᠣᠷᠢᠨ ᠤ᠋ ᠪᠠᠨ ᠣᠯᠣᠩ ᠢ᠋ ᠴᠢᠩᠭᠠᠯᠠᠵᠤ ᠵᠣᠭᠰᠣᠬᠤ ᠳ᠋ᠤ᠌ ᠬᠥᠩᠬᠥᠷ ᠵᠠᠮᠪᠠᠯ ᠪᠥᠭᠰᠡᠳᠡᠵᠦ ᠢᠷᠡᠭᠡᠳ᠄ 
       — ᠱᠣᠤᠶᠧ᠂ ᠱᠣᠤᠶᠧ ᠲᠠ ᠡᠢᠮᠦ ᠣᠷᠣᠢ ᠪᠣᠯᠴᠢᠬᠠᠭᠰᠠᠨ ᠶᠤᠮ ᠴᠢᠨᠢ ᠬᠣᠨᠣᠭᠠᠳ ᠶᠠᠪᠤ! ᠪᠦᠷ ᠪᠡᠯᠡᠨ᠂ ᠪᠦᠷ ᠪᠡᠯᠡᠨ! ᠭᠡᠰᠡᠨ ᠳ᠋ᠦ᠍᠂ ᠴᠣᠭᠪᠠᠭᠠᠲᠤᠷ᠄ 
       — ᠮᠥᠨ ᠲᠡᠷᠡ ᠬᠣᠶᠠᠷ ᠢᠷᠪᠠᠨᠠᠭᠠᠭᠤᠷ ᠤ᠋ᠨ ᠴᠢᠷᠠᠢ ᠤᠤ? ᠬᠡᠩ! ᠭᠡᠵᠦ ᠲᠣᠭᠣᠮᠰᠠᠷ ᠦᠭᠡᠢ ᠳᠤᠤᠭᠠᠷᠬᠤ ᠳ᠋ᠤ᠌ ᠬᠥᠩᠬᠥᠷ ᠵᠠᠮᠪᠠᠯ᠄ 
       — ᠭᠠᠢᠭᠤᠢ ᠰᠢᠳᠡ! ᠪᠤᠭᠤᠲᠤ ᠶ᠋ᠢᠨ ᠸᠠᠩ ᠲᠣᠪᠴᠢᠶᠠᠨ ᠳᠠᠷᠤᠭ᠎ᠠ ᠶ᠋ᠢᠨ ᠡᠮᠦᠨ᠎ᠡ ᠰᠢ ᠳᠠᠭᠤᠯᠠᠵᠤ ᠪᠠᠢᠭᠰᠠᠨ ᠡᠮᠡᠰ ᠰᠢᠦ ᠳᠡ! ᠭᠡᠯ᠎ᠡ᠃ 
       — ᠬᠡᠩ! ᠲᠡᠷᠡ ᠮᠠᠭᠤ ᠡᠯᠵᠢᠭᠡ ᠶ᠋ᠢᠨ ᠱᠠᠯᠢᠵᠤ ᠥᠩᠭᠡᠷᠡᠭᠰᠡᠨ ᠶᠠᠭᠤᠮ᠎ᠠ ᠶᠠᠮᠠᠷ ᠯᠠ ᠰᠣᠨᠢᠨ ᠶᠠᠭᠤᠮ᠎ᠠ ᠪᠠᠢᠬᠤ ᠪᠣᠢ?   
       — ᠱᠣᠤᠶᠧ ᠠ᠋᠂ ᠶᠠᠭᠠᠬᠢᠬᠤ ᠪᠣᠢ! ᠲᠤᠰᠬᠠᠢ ᠲᠠᠨ ᠳ᠋ᠤ᠌ ᠪᠡᠯᠡᠳᠬᠡᠭᠰᠡᠨ ᠶᠦᠮ ᠴᠢᠨᠢ ᠨᠢᠭᠤᠷ ᠥᠭᠭᠦᠭᠡᠴᠢ ᠳᠡ ᠨᠠᠳᠠ! ᠭᠡᠵᠦ ᠭᠤᠩᠰᠢᠨ᠎ᠠ᠃   
       ᠴᠣᠭᠪᠠᠭᠠᠲᠤᠷ ᠲᠡᠨᠲᠦᠷ ᠮᠥᠨᠳᠥᠷ ᠭᠡᠵᠦ ᠮᠣᠷᠢᠨ ᠠ᠋ᠴᠠ ᠪᠠᠨ ᠵᠠᠢᠳᠠᠨ ᠬᠥᠩᠬᠥᠷ ᠵᠠᠮᠪᠠᠯ ᠤ᠋ᠨ ᠲᠦᠰᠢᠯᠭᠡ ᠪᠡᠷ ᠵᠡᠭᠦᠨ ᠲᠠᠯ᠎ᠠ ᠶ᠋ᠢᠨ ᠪᠣᠭᠣᠨᠢ ᠰᠠᠷᠠᠪᠴᠢ ᠲᠠᠢ ᠰᠢᠪᠠᠷ ᠪᠠᠢᠰᠢᠩ ᠤᠷᠤᠭᠤ ᠬᠡᠯᠲᠦᠷᠢᠪᠡ᠃ 
       — ᠱᠣᠤᠶᠧ ᠠ᠋! ᠲᠠᠨ ᠤ᠋ ᠲᠠᠭᠠᠯᠠᠯ ᠳ᠋ᠤ᠌ ᠲᠠᠭᠠᠯᠠᠭᠳᠠᠲᠤᠭᠠᠢ! ᠡᠨᠡ ᠬᠣᠶᠠᠷ ᠴᠦ᠍ ᠮᠥᠨ ᠡᠷ᠎ᠡ ᠬᠥᠮᠦᠨ ᠢ᠋ ᠭᠣᠳᠣᠭᠠᠨᠠᠭᠤᠯᠬᠤ ᠳ᠋ᠤ᠌ ᠳᠠᠮ ᠲᠠᠢ ᠭᠠᠷ ᠪᠣᠢ ᠬᠥᠶᠢ!  
       — ᠲᠡᠢᠮᠦ ᠤᠤ? ᠲᠡᠭᠡᠪᠡᠯ ᠨᠢᠭᠡ ᠦᠵᠡᠬᠦ ᠤᠤ? ᠭᠡᠳ ᠭᠡᠷ ᠲᠦ᠍ ᠣᠷᠣᠪᠠ᠃ 
       ᠬᠣᠢᠲᠤ ᠬᠡᠷᠡᠮ ᠳ᠋ᠡᠭᠡᠨ ᠳᠦᠯᠡᠢ ᠴᠣᠩᠬᠣ ᠲᠠᠢ᠃ ᠲᠡᠷᠡ ᠴᠣᠩᠬᠣᠨ ᠤ᠋ ᠬᠣᠩᠬᠣᠷ ᠳᠤ ᠮᠠᠭᠤᠬᠠᠨ ᠭᠡᠷᠡᠯ ᠲᠡᠢ ᠮᠠᠭᠠᠵᠢᠨ ᠲᠣᠰᠣᠨ ᠤ᠋ ᠳ᠋ᠧᠩ ᠰᠦᠮᠡᠯᠵᠡᠨ᠎ᠡ᠃ 
       ᠰᠦᠮᠡᠭᠢ ᠳ᠋ᠧᠩ ᠦ᠋ᠨ ᠭᠡᠷᠡᠯ ᠳᠣᠣᠷ᠎ᠠ ᠴᠠᠭᠠᠯᠤᠭᠰᠠᠨ ᠰᠣᠩᠭᠢᠨ᠎ᠠ ᠰᠢᠭ᠋ ᠴᠢᠷᠠᠮᠠᠨ ᠱᠠᠯᠳᠠᠩ ᠬᠣᠶᠠᠷ ᠪᠦᠰᠡᠭᠦᠢ ᠨᠢᠳᠦ ᠪᠡᠨ ᠠᠨᠢᠨ ᠬᠡᠪᠲᠡᠬᠦ ᠨᠢ ᠪᠦᠷᠦᠭ ᠪᠠᠷᠤᠭ ᠦᠵᠡᠭᠳᠡᠨ᠎ᠡ᠃  
       ᠴᠣᠭᠪᠠᠭᠠᠲᠤᠷ ᠬᠠᠨᠵᠤᠨ ᠤ᠋ ᠢᠷᠮᠡᠭ ᠳᠥᠭᠥᠵᠦ ᠥᠨᠥᠬᠢ ᠬᠣᠶᠠᠷ ᠨᠢᠴᠦᠭᠦᠯᠡᠭᠰᠡᠨ ᠱᠣᠢᠱᠣᠭ ᠡᠮ᠎ᠡ ᠶ᠋ᠢᠨ ᠰᠡᠷᠪᠡᠩ ᠬᠣᠶᠠᠷ ᠳᠣᠪᠣᠷᠴᠠᠭ ᠢ᠋ ᠳᠠᠪᠠᠨ ᠪᠤᠷᠭᠠᠰᠤᠲᠠᠢ ᠭᠣᠣ ᠪᠠᠷ ᠪᠠᠭᠤᠵᠤ ᠪᠤᠷᠤᠭᠤ ᠬᠠᠨᠳᠤᠭᠰᠠᠨ ᠪᠤᠯᠠᠭ ᠢ᠋ ᠤᠷᠤᠭᠤᠳᠠᠵᠤ ᠶᠠᠪᠤᠬᠤ ᠳ᠋ᠤ᠌ ᠲᠡᠭᠦᠨ ᠦ᠌ ᠶᠠᠰᠤ ᠤᠨᠲᠠᠷᠠᠬᠤ ᠰᠢᠭ᠋ ᠪᠣᠯᠪᠠ᠃ ᠡᠷ᠎ᠡ ᠬᠥᠮᠦᠨ ᠦ᠌ ᠰᠢᠪᠲᠦᠷ ᠦᠨᠦᠷᠲᠦᠭᠰᠡᠨ ᠦ᠌ ᠴᠦ᠍ ᠶᠦᠮ ᠤᠤ᠂ ᠡᠰᠡᠪᠡᠰᠦ ᠡᠵᠡᠮᠳᠡᠬᠦ ᠡᠷ᠎ᠡ ᠶ᠋ᠢᠨ ᠭᠣᠷᠢ ᠶ᠋ᠢ ᠵᠣᠷᠢᠭᠤᠳᠠ ᠲᠠᠲᠠᠬᠤ ᠭᠡᠰᠡᠨ ᠤᠤ᠂ ᠥᠨᠥᠬᠢ ᠬᠣᠶᠠᠷ ᠱᠣᠢᠱᠣᠭ ᠡᠮ᠎ᠡ ᠪᠡᠯᠬᠡᠭᠦᠰᠦ ᠪᠡᠷ ᠢ᠋ᠶ᠋ᠡᠨ ᠬᠣᠲᠣᠯᠵᠠᠵᠤ᠂ ᠬᠥᠯ ᠢ᠋ᠶ᠋ᠡᠨ ᠬᠣᠷᠢᠶᠠᠨ ᠬᠣᠨᠲᠣᠴᠠᠭ ᠢ᠋ᠶ᠋ᠠᠨ ᠰᠠᠪᠠᠯᠠᠨ ᠠᠯᠴᠠᠭᠠᠨᠠᠨ᠎ᠠ᠃ 
       ᠮᠢᠬᠠᠨ ᠠ᠋ᠴᠠ ᠤᠢᠳᠤᠭᠰᠠᠨ ᠬᠠᠷᠠᠰᠤ ᠮᠤᠤᠷ ᠭᠡᠵᠦ ᠬᠠᠮᠢᠭ᠎ᠠ ᠪᠠᠢᠬᠤ ᠪᠣᠢ! ᠴᠣᠭᠪᠠᠭᠠᠲᠤᠷ ᠤ᠋ᠨ ᠪᠡᠶ᠎ᠡ ᠶ᠋ᠢᠨ ᠰᠢᠷᠪᠥᠰᠥ ᠴᠡᠨᠡᠭᠷᠡᠵᠦ ᠬᠣᠢᠭᠤᠷ ᠬᠡᠪᠲᠡᠭᠰᠡᠨ ᠲᠡᠷᠡ ᠪᠠᠷᠬᠢᠷᠠᠭ᠎ᠠ ᠢᠩᠭᠡ ᠰᠢᠭ ᠠᠯᠴᠠᠭᠠᠨᠠᠭᠤᠷ ᠡᠮ᠎ᠡ ᠶ᠋ᠢᠨ ᠳᠡᠭᠡᠷ᠎ᠡ ᠮᠣᠷᠳᠠᠵᠤ ᠲᠠᠰᠢᠭᠤᠷ ᠥᠭᠬᠦ ᠰᠠᠨ ᠭᠡᠳ ᠣᠢᠷᠠᠳᠪᠠ᠃ ᠭᠡᠨᠡᠳᠲᠡ ᠲᠡᠭᠦᠨ ᠦ᠌ ᠨᠢᠳᠦᠨ ᠳ᠋ᠦ᠍ ᠮᠠᠭᠤᠬᠠᠢ ᠶᠠᠭᠤᠮ᠎ᠠ ᠦᠵᠡᠭᠳᠡᠵᠦ ᠲᠠᠴᠢᠶᠠᠯ ᠤ᠋ᠨ ᠭᠠᠯ ᠢ᠋ ᠨᠢ ᠠᠭᠱᠠᠨ᠎ᠠ ᠤᠨᠲᠠᠷᠠᠭᠠᠵᠠᠢ᠃ ᠥᠨᠥᠬᠢ ᠱᠣᠢᠱᠣᠭ ᠡᠮ᠎ᠡ ᠶ᠋ᠢᠨ ᠭᠠᠭᠴᠠᠬᠠᠨ ᠵᠤᠵᠠᠭᠠᠨ ᠰᠢᠷ᠎ᠠ ᠬᠢᠮᠤᠰᠤᠲᠠᠢ ᠬᠥᠯ ᠦ᠋ᠨ ᠡᠷᠡᠬᠡᠢ ᠬᠤᠷᠤᠭᠤ ᠨᠢ ᠮᠢᠬᠠᠨ ᠰᠢᠪᠦᠭᠡ ᠰᠢᠭ ᠱᠣᠷᠣᠯᠵᠠᠬᠤ ᠨᠢ ᠮᠠᠰᠢ ᠶᠣᠣᠵᠠ ᠮᠠᠭᠤᠬᠠᠢ ᠬᠠᠷᠠᠭᠳᠠᠨ᠎ᠠ᠃ ᠵᠠᠷᠢᠮ ᠬᠥᠮᠦᠨ ᠪᠦᠰᠡᠭᠦᠢ ᠬᠥᠮᠦᠨ ᠦ᠌ ᠬᠥᠭᠡᠷᠦᠬᠦᠨ ᠴᠠᠭᠠᠨ ᠬᠥᠯ ᠢ᠋ ᠬᠠᠷᠠᠭᠠᠳ ᠲᠠᠴᠢᠶᠠᠯ ᠤ᠋ᠨ ᠭᠠᠯ ᠢ᠋ᠶ᠋ᠠᠨ ᠨᠣᠴᠣᠭᠠᠳᠠᠭ ᠪᠠᠢᠭᠰᠠᠨ ᠪᠣᠯ ᠴᠣᠭᠪᠠᠭᠠᠲᠤᠷ ᠡᠨᠡ ᠬᠦ᠌ ᠱᠣᠢᠱᠣᠭ ᠤ᠋ᠨ ᠳᠡᠭᠦᠦᠳᠡᠢ ᠳᠥᠷᠪᠡᠨ ᠬᠤᠷᠤᠭᠤ ᠪᠠᠨ ᠮᠤᠰᠢᠢᠯᠭᠠᠨ ᠳᠠᠷᠤᠵᠤ ᠡᠭᠡᠴᠢᠮᠡᠭ ᠡᠷᠡᠬᠡᠢ ᠬᠤᠷᠤᠭᠤ ᠪᠠᠨ ᠭᠣᠵᠣᠯᠵᠠᠭᠤᠯᠤᠭᠰᠠᠨ ᠵᠤᠵᠠᠭᠠᠨ ᠰᠢᠷ᠎ᠠ ᠬᠢᠮᠤᠰᠤᠲᠠᠢ ᠬᠥᠯ ᠢ᠋ ᠬᠠᠷᠠᠭᠠᠳ ᠱᠠᠯ ᠵᠢᠭᠰᠢᠪᠡ᠃ ᠴᠣᠭᠪᠠᠭᠠᠲᠤᠷ ᠠᠩᠬ᠎ᠠ ᠠᠩᠬᠠᠨ ᠳ᠋ᠠᠭᠠᠨ ᠬᠥᠳᠡᠭᠡ ᠭᠠᠳᠠᠭ᠎ᠠ ᠬᠠᠶᠠ ᠨᠢᠭᠡ ᠬᠣᠶᠠᠷ ᠱᠣᠢᠱᠣᠭ ᠡᠮ᠎ᠡ ᠶ᠋ᠢ ᠶᠣᠣᠯᠠᠭᠤᠯᠤᠨ ᠬᠠᠢᠯᠠᠭᠤᠯᠤᠨ ᠮᠣᠷᠳᠠᠵᠤ ᠪᠠᠢᠭᠰᠠᠨ ᠢ᠋ᠶ᠋ᠠᠨ ᠰᠠᠨᠠᠵᠤ ᠬᠠᠷᠠᠮᠰᠠᠭᠰᠠᠨ ᠢ᠋ ᠬᠡᠯᠡᠬᠦ ᠦᠭᠡᠢ᠂ ᠲᠡᠭᠦᠨ ᠦ᠌ ᠬᠠᠮᠠᠷ ᠲᠤ ᠥᠨᠥᠬᠢ ᠦᠮᠡᠬᠡᠢ ᠵᠠᠮᠤᠭᠲᠤ ᠪᠤᠷᠤᠭᠤ ᠬᠠᠨᠳᠤᠭᠰᠠᠨ ᠪᠤᠯᠠᠭ ᠠ᠋ᠴᠠ ᠦᠬᠦᠭᠰᠡᠨ ᠵᠢᠭᠠᠰᠤ ᠶ᠋ᠢᠨ ᠬᠠᠴᠢᠨ ᠦᠨᠦᠷ ᠦᠨᠦᠷᠲᠦᠵᠦ ᠳᠤᠷ᠎ᠠ ᠪᠤᠯᠭᠢᠭᠤᠯᠤᠨ᠎ᠠ᠃  
       ᠴᠣᠭᠪᠠᠭᠠᠲᠤᠷ《ᠲᠦᠢ!》 ᠭᠡᠵᠦ ᠬᠦᠴᠦᠲᠡᠢ ᠨᠤᠯᠮᠤᠭᠠᠳ ᠡᠭᠦᠳᠡ ᠰᠠᠪᠠᠨ ᠭᠠᠷᠴᠤ ᠶᠠᠪᠤᠪᠠ᠃ 
       ᠮᠣᠷᠢᠨ ᠤ᠋ ᠴᠤᠯᠪᠤᠭᠤᠷ ᠢ᠋ᠶ᠋ᠠᠨ ᠳᠡᠢᠯᠲᠡᠯ᠎ᠡ ᠲᠡᠭᠦᠨ ᠦ᠌ ᠠᠷᠤ ᠳ᠋ᠤ᠌ ᠬᠥᠩᠬᠥᠷ ᠵᠠᠮᠪᠠᠯ ᠨᠠᠪᠲᠠᠭᠠᠨᠠᠵᠤ ᠢᠷᠡᠨ᠄ 
       — ᠱᠣᠤᠶᠧ ᠠ᠋! ᠱᠣᠤᠶᠧ ᠠ᠋! ᠡᠢᠮᠦ ᠣᠷᠣᠢ᠁ ᠮᠠᠷᠭᠠᠲᠤᠷ ᠥᠷᠯᠥᠭᠡᠭᠦᠷ ᠡᠷᠲᠡ ᠮᠣᠷᠳᠠᠭᠠᠷᠠᠢ! ᠭᠡᠵᠦ ᠬᠡᠯᠡᠲᠡᠯ᠎ᠡ᠂ ᠴᠣᠭᠪᠠᠭᠠᠲᠤᠷ ᠬᠥᠩᠬᠥᠷ ᠵᠠᠮᠪᠠᠯ ᠲᠠᠢ ᠦᠯᠦ ᠳᠤᠤᠭᠠᠷᠤᠨ ᠰᠢᠭᠤᠳ ᠮᠣᠷᠢᠨ ᠳ᠋ᠠᠭᠠᠨ ᠮᠣᠷᠳᠠᠪᠠ᠃  
      — ᠲᠠ᠁ ᠭᠠᠭᠴᠠᠭᠠᠷ ᠢ᠋ᠶ᠋ᠠᠨ ᠬᠠᠷᠠᠩᠭᠤᠢ ᠰᠥᠨᠢ᠁ ᠪᠢ ᠲᠠᠨ ᠳ᠋ᠤ᠌ ᠬᠠᠨᠢ ᠪᠣᠯᠤᠶ᠎ᠠ! ᠭᠡᠬᠦ ᠳ᠋ᠦ᠍ ᠴᠣᠭᠪᠠᠭᠠᠲᠤᠷ᠄ 
      — ᠭᠠᠨᠵᠤᠭ᠎ᠠ ᠨᠡᠮᠡᠷᠢᠯᠡᠬᠦ ᠶ᠋ᠢ ᠮᠡᠳᠡᠬᠦ ᠦᠭᠡᠢ ᠭᠠᠷ ᠤᠨᠵᠢᠭᠠᠷ ᠮᠠᠭᠤ ᠭᠤᠢᠷᠠᠨᠴᠢ ᠴᠢ ᠪᠠᠢᠭ! ᠴᠢᠨᠦ ᠣᠯᠤᠭᠰᠠᠨ ᠶᠠᠩᠬᠠᠯᠵᠠᠭᠤᠷ ᠡᠮ᠎ᠡ ᠤᠤ⁈ ᠬᠡᠩ! ᠭᠡᠳ ᠮᠣᠷᠢ ᠪᠠᠨ ᠳᠠᠪᠢᠷᠠᠪᠠ᠃ 
       ᠰᠦ ᠠᠰᠬᠠᠭᠰᠠᠨ ᠰᠢᠭ᠋ ᠰᠠᠷᠠ ᠲᠠᠢ ᠰᠥᠨᠢ ᠶ᠋ᠢᠨ ᠴᠡᠯᠡᠢᠭᠰᠡᠨ ᠲᠠᠯ᠎ᠠ ᠪᠠᠷ ᠮᠣᠷᠢᠨ ᠤ᠋ ᠲᠤᠭᠤᠷᠠᠢ ᠲᠠᠴᠢᠭᠢᠨᠠᠨ ᠬᠣᠯᠠᠳᠠᠨ᠎ᠠ᠃  
       ᠨᠢᠭᠡ ᠥᠨᠳᠡᠢᠯᠭᠡᠨ ᠳ᠋ᠦ᠍ ᠪᠥᠭᠲᠥᠷ ᠦ᠋ᠨ ᠠᠢᠯ ᠪᠠᠷ᠎ᠠ ᠳᠣᠷᠣ ᠦᠭᠡᠢ ᠬᠣᠢᠨ᠎ᠠ ᠬᠣᠴᠣᠷᠴᠤ᠂ ᠬᠤᠵᠢᠷᠲᠤ ᠶ᠋ᠢᠨ ᠵᠣ ᠳ᠋ᠤ᠌ ᠭᠠᠯᠭᠢᠭᠤᠯᠵᠤ ᠪᠠᠢᠯ᠎ᠠ᠃  
      《ᠦᠬᠦᠭᠰᠡᠨ ᠵᠢᠭᠠᠰᠤᠨ ᠤ᠋ ᠱᠥᠯᠥ ᠤᠤᠭᠤᠬᠤ ᠶ᠋ᠢᠨ ᠣᠷᠣᠨ ᠳ᠋ᠤ᠌ ᠰᠠᠭᠠᠯᠢ ᠦᠨᠦᠷᠲᠦᠭᠰᠡᠨ ᠰᠠᠢᠬᠠᠨ ᠪᠦᠰᠡᠭᠦᠢ ᠨᠠᠰᠤᠨᠴᠡᠴᠡᠭ ᠲᠡᠢ ᠪᠡᠨ ᠵᠢᠷᠭᠠᠵᠤ ᠬᠣᠨᠣᠶ᠎ᠠ᠁ ᠨᠠᠮᠠᠶ᠋ᠢ ᠪᠠᠨ ᠦᠵᠡᠮᠡᠭᠴᠡ ᠢᠴᠢᠩᠭᠦᠷᠡᠬᠦ ᠳ᠋ᠡᠭᠡᠨ ᠨᠢᠭᠤᠷ ᠨᠢ ᠤᠯᠠᠢᠬᠤ ᠪᠣᠯᠪᠠᠴᠤ ᠨᠢᠭᠤᠴᠠᠬᠠᠢ ᠬᠥᠨᠳᠡᠢ ᠭᠠᠵᠠᠷ ᠲᠠᠭᠠᠨ ᠰᠡᠷᠮᠡᠭᠦᠨ ᠴᠢᠭᠢᠭᠯᠢᠭ ᠪᠠᠢᠳᠠᠭ ᠳᠠ ᠬᠥᠭᠡᠷᠦᠬᠦᠢ ᠮᠠᠭᠤ ᠨᠠᠰᠤᠨᠴᠡᠴᠡᠭ ᠮᠢᠨᠢ᠁》 ᠭᠡᠵᠦ ᠪᠣᠳᠣᠨ᠄  
          ᠴᠣᠮᠪᠣᠩ ᠲᠤᠭᠤᠷᠠᠢ ᠲᠠᠢ ᠬᠦᠷᠡᠩ ᠮᠢᠨᠢ   
          ᠴᠣᠯᠭᠢᠭᠤᠯᠤᠭᠰᠠᠨ ᠬᠠᠷ᠎ᠠ ᠠᠯᠬᠤᠭ᠎ᠠ ᠲᠠᠢ  
          ᠴᠣᠪᠣᠭᠣᠯᠢᠭ ᠵᠠᠩ ᠲᠠᠢ ᠢᠬᠢᠮ᠎ᠠ ᠮᠢᠨᠢ   
          ᠴᠣᠴᠢᠭᠠᠳ ᠰᠡᠷᠡᠬᠦᠯ᠎ᠡ ᠵᠡᠭᠦᠳᠦᠯᠡᠭᠡᠳ ᠪᠠᠢᠨ᠎ᠠ᠁ ᠭᠡᠵᠦ ᠳᠠᠭᠤᠤ ᠠᠶᠠᠯᠤᠭᠤᠯᠤᠨ ᠰᠠᠨᠠᠭᠠᠨ ᠤ᠋ ᠬᠡᠢᠷᠬᠡᠯ ᠳ᠋ᠡᠭᠡᠨ ᠰᠣᠭᠲᠣᠵᠤ ᠶᠠᠪᠤᠨ᠎ᠠ᠃ 
       ᠨᠢᠭᠡ ᠮᠡᠳᠡᠬᠦ ᠳ᠋ᠦ᠍ ᠴᠢᠳᠬᠥᠷ ᠦ᠋ᠨ ᠭᠣᠣ ᠳᠥᠭᠥᠵᠦ ᠪᠠᠢᠯ᠎ᠠ᠃ 
       ᠡᠨᠡ ᠴᠢᠳᠬᠥᠷ ᠦ᠋ᠨ ᠭᠣᠣ ᠪᠠᠷ ᠰᠥᠨᠢ ᠬᠠᠷᠠᠩᠭᠤᠢ ᠳ᠋ᠤ᠌ ᠭᠠᠭᠴᠠᠭᠠᠷ ᠢ᠋ᠶ᠋ᠠᠨ ᠶᠠᠪᠤᠬᠤ ᠳ᠋ᠤ᠌ ᠣᠷᠣᠢ ᠶ᠋ᠢᠨ ᠦᠰᠦ ᠪᠣᠰᠤᠮᠠᠷ ᠠᠢᠩᠭᠤᠷᠢᠲᠠᠢ ᠪᠠᠢᠳᠠᠭ ᠭᠡᠵᠦ ᠬᠥᠮᠦᠰ ᠬᠡᠯᠡᠯᠴᠡᠳᠡᠭ᠃ ᠦᠰᠦ ᠭᠡᠵᠢᠭᠡ ᠨᠢ ᠰᠡᠭᠰᠡᠢᠭᠰᠡᠨ ᠱᠠᠯᠳᠠᠩ ᠨᠢᠴᠦᠭᠦᠨ ᠡᠮ᠎ᠡ ᠬᠥᠮᠦᠨ ᠬᠥᠬᠥ ᠳᠠᠯᠠᠩ ᠢ᠋ᠶ᠋ᠠᠨ ᠤᠨᠵᠢᠭᠢᠨᠠᠭᠤᠯᠤᠨ ᠭᠦᠶᠦᠬᠦ᠁ ᠡᠰᠡᠪᠡᠰᠦ ᠮᠠᠰᠢ ᠰᠠᠢᠬᠠᠨ ᠵᠠᠰᠠᠯ ᠲᠠᠢ ᠪᠦᠰᠡᠭᠦᠢ ᠮᠣᠷᠢᠨ ᠤ᠋ ᠴᠢᠨᠢ ᠠᠷᠤ ᠳ᠋ᠤ᠌ ᠰᠤᠨᠳᠠᠯᠠᠵᠤ ᠶᠠᠪᠤᠶ᠎ᠠ ᠭᠡᠳ ᠭᠤᠶᠤᠬᠤ᠁ ᠨᠢᠭᠡ ᠪᠣᠯ ᠮᠣᠷᠢ ᠶ᠋ᠢ ᠴᠢᠨᠢ ᠴᠢᠳᠥᠷᠯᠡᠭᠡᠳ ᠶᠠᠪᠤᠭᠤᠯᠬᠤ ᠦᠭᠡᠢ ᠭᠡᠵᠦ ᠨᠣᠣᠷᠠᠯᠳᠤᠬᠤ᠁ ᠵᠡᠷᠭᠡ ᠶᠠᠩᠵᠤ ᠶ᠋ᠢᠨ ᠪᠣᠯᠭᠠᠨ ᠤ᠋ ᠴᠢᠳᠬᠥᠷ ᠪᠠᠢᠳᠠᠭ ᠭᠡᠵᠦ ᠬᠥᠮᠦᠰ ᠦ᠋ᠨ ᠪᠡᠶ᠎ᠡ ᠪᠡᠷ ᠢ᠋ᠶ᠋ᠡᠨ ᠥᠩᠭᠡᠷᠡᠭᠦᠯᠦᠭᠰᠡᠨ ᠮᠡᠲᠦ ᠬᠡᠯᠡᠯᠴᠡᠳᠡᠭ ᠢ᠋ ᠴᠣᠭᠪᠠᠭᠠᠲᠤᠷ ᠴᠢᠬᠢ ᠪᠡᠷ ᠢ᠋ᠶ᠋ᠡᠨ ᠴᠦ᠍ ᠣᠯᠠᠨ ᠰᠣᠨᠣᠰᠴᠠᠢ᠃ ᠲᠡᠷᠡ ᠪᠡᠷ ᠭᠠᠭᠴᠠᠭᠠᠷ ᠢ᠋ᠶ᠋ᠠᠨ ᠴᠢᠳᠬᠥᠷ ᠦ᠋ᠨ ᠭᠣᠣ ᠪᠠᠷ ᠬᠠᠷᠠᠩᠭᠤᠢ ᠰᠥᠨᠢ ᠶᠡᠷᠦ ᠶᠠᠪᠤᠵᠤ ᠦᠵᠡᠭᠡ ᠦᠭᠡᠢ ᠤᠴᠢᠷ ᠴᠢᠳᠬᠥᠷ ᠲᠡᠢ ᠭᠡᠳᠡᠭ ᠢ᠋ ᠢᠳᠡᠭᠡ ᠶᠠᠳᠠᠳᠠᠭ ᠠᠵᠢ᠃ 
       ᠬᠡᠢ ᠮᠣᠷᠢ ᠰᠠᠢᠲᠠᠢ ᠬᠥᠮᠦᠨ ᠡᠴᠡ ᠴᠢᠳᠬᠥᠷ ᠵᠠᠢᠳᠠᠳᠠᠭ᠂ ᠬᠡᠢ ᠮᠣᠷᠢ ᠨᠢ ᠬᠡᠪᠲᠡᠭᠰᠡᠨ ᠬᠥᠮᠦᠨ ᠢ᠋ ᠴᠢᠳᠬᠥᠷ ᠵᠠᠢᠳᠠᠯᠠᠳᠠᠭ ᠭᠡᠳᠡᠭ ᠢ᠋ᠶ᠋ᠡᠷ ᠴᠣᠭᠪᠠᠭᠠᠲᠤᠷ ᠪᠡᠶ᠎ᠡ ᠪᠡᠨ ᠬᠡᠢ ᠮᠣᠷᠢ ᠲᠠᠢ ᠭᠡᠬᠦ ᠲᠤᠯᠠ ᠴᠢᠳᠬᠥᠷ ᠡᠴᠡ ᠠᠶᠤᠬᠤ ᠦᠭᠡᠢ ᠵᠣᠷᠢᠭ ᠢ᠋ᠶ᠋ᠠᠷ ᠴᠢᠳᠬᠥᠷ ᠦ᠋ᠨ ᠭᠣᠣ ᠶ᠋ᠢ ᠰᠢᠷᠦᠭᠦᠨ ᠰᠢᠭ ᠳᠣᠪᠲᠣᠯᠤᠭᠠᠳ ᠭᠠᠷᠤᠶ᠎ᠠ ᠭᠡᠵᠦ ᠪᠣᠳᠣᠨ ᠮᠣᠷᠢᠨ ᠳ᠋ᠤ᠌ ᠪᠠᠨ ᠲᠠᠰᠢᠭᠤᠷ ᠥᠭᠪᠡ᠃ 
       ᠵᠠᠮ ᠳ᠋ᠤ᠌ ᠠᠯᠪᠢᠨ ᠭᠠᠯ ᠤᠯᠠᠰ ᠤᠯᠠᠰ᠂ ᠪᠥᠵᠥᠩ ᠲᠠᠤᠯᠠᠢ ᠪᠥᠭ ᠪᠥᠭ ᠭᠡᠵᠦ ᠭᠡᠬᠦ ᠰᠢᠭ ᠪᠠᠷ᠎ᠠ ᠰᠠᠷᠠᠨ ᠤ᠋ ᠭᠡᠷᠡᠯ ᠳ᠋ᠦ᠍ ᠪᠥᠷᠥᠭᠬᠡᠨ ᠦᠵᠡᠭᠳᠡᠵᠦ ᠪᠠᠢᠬᠤ ᠰᠢᠭ᠋᠁ 
       ᠡᠷᠲᠡᠬᠡᠨ ᠨᠠᠰᠤᠨᠴᠡᠴᠡᠭ ᠲᠡᠢ ᠪᠡᠨ ᠠᠭᠤᠯᠵᠠᠬᠤ ᠰᠠᠨ ᠴᠦ᠍ ᠭᠡᠵᠦ ᠪᠠᠢᠭᠰᠠᠨ ᠤᠴᠢᠷ ᠴᠣᠭᠪᠠᠭᠠᠲᠤᠷ ᠬᠥᠭᠡᠷᠦᠬᠦᠨ ᠲᠠᠤᠯᠠᠢ ᠰᠢᠭ᠋ ᠨᠠᠰᠤᠨᠴᠡᠴᠡᠭ ᠮᠢᠨᠢ᠁ ᠭᠡᠵᠦ ᠡᠷᠬᠡ ᠦᠭᠡᠢ ᠳᠦᠳᠦᠨᠡᠵᠦ ᠤᠯᠠᠮ ᠰᠢᠷᠦᠭᠦᠨ ᠳᠣᠪᠲᠣᠯᠭᠠᠨ᠎ᠠ᠃  
       ᠨᠠᠷᠠ ᠪᠤᠯᠲᠠᠢᠬᠤ ᠳ᠋ᠤ᠌ ᠨᠠᠰᠤᠨᠴᠡᠴᠡᠭ ᠦ᠋ᠨ ᠱᠣᠩ ᠳᠡᠭᠡᠷ᠎ᠡ ᠪᠠᠭᠤᠪᠠ᠃ 
       ᠨᠠᠰᠤᠨᠴᠡᠴᠡᠭ ᠠᠭᠠᠷᠤ ᠳᠦᠭᠦᠷᠡᠩ ᠰᠦ ᠳᠡᠭᠦᠵᠢᠯᠡᠨ ᠤᠶᠠᠭᠠᠨ ᠳᠡᠭᠡᠷ᠎ᠡ ᠪᠠᠭᠤᠭᠰᠠᠨ ᠮᠣᠷᠢᠲᠠᠨ ᠢ᠋ ᠰᠠᠷᠠᠪᠴᠢᠯᠠᠬᠤ ᠳ᠋ᠤ᠌᠄ 
       — ᠨᠠᠰᠤᠨᠴᠡᠴᠡᠭ ᠠ᠋! ᠬᠣᠶᠠᠷ ᠣᠪᠣᠭ᠎ᠠ ᠠᠷᠭᠠᠯ ᠲᠦᠯᠡᠭᠡᠴᠢ ᠠ᠋ ᠭᠡᠬᠦ ᠴᠣᠭᠪᠠᠭᠠᠲᠤᠷ ᠤ᠋ᠨ ᠳᠠᠭᠤ ᠪᠠᠷ ᠨᠢ ᠲᠠᠨᠢᠵᠤ ᠦᠭᠡ ᠪᠡᠷ ᠨᠢ ᠪᠣᠯᠪᠠ᠃  
       ᠴᠣᠭᠪᠠᠭᠠᠲᠤᠷ ᠪᠦᠰᠡᠯᠡᠭᠰᠡᠨ ᠴᠢᠳᠥᠷ ᠢ᠋ᠶ᠋ᠡᠨ ᠲᠠᠢᠯᠵᠤ ᠣᠷᠬᠢᠭᠠᠳ ᠮᠣᠷᠢᠨ ᠤ᠋ ᠱᠣᠩ ᠤ᠋ᠨ ᠳᠡᠷᠭᠡᠳᠡ ᠳᠦᠷᠡᠯᠵᠡᠨ ᠨᠣᠴᠣᠬᠤ ᠠᠷᠭᠠᠯ ᠤ᠋ᠨ ᠲᠦᠳᠡᠭ ᠲᠦ᠍ ᠪᠡᠶ᠎ᠡ ᠪᠡᠨ ᠠᠷᠢᠭᠤᠯᠠᠨ ᠭᠡᠷ ᠲᠦ᠍ ᠣᠷᠣᠪᠠ᠃ 
       ᠴᠣᠭᠪᠠᠭᠠᠲᠤᠷ ᠨᠠᠰᠤᠨᠴᠡᠴᠡᠭ ᠦ᠋ᠨ ᠠᠶᠠᠭᠠᠯᠠᠭᠰᠠᠨ ᠴᠠᠢ ᠶ᠋ᠢ ᠣᠭᠣᠴᠢᠵᠤ᠂ ᠵᠣᠷᠢᠭᠤᠳᠠ ᠠᠶᠤᠭᠰᠠᠨ ᠰᠣᠴᠢᠭᠰᠠᠨ ᠳᠦᠷᠢ ᠦᠵᠡᠭᠦᠯᠦᠨ ᠳᠡᠭᠡᠷ᠎ᠡ ᠳᠡᠭᠡᠷ᠎ᠡ ᠠᠮᠢᠰᠬᠤᠨ᠄《ᠠᠶ᠎ᠠ᠂ ᠥᠴᠥᠭᠡᠳᠦᠷ ᠰᠥᠨᠢ ᠶ᠋ᠢᠨ ᠠᠶᠤᠭᠰᠠᠨ ᠭᠡᠵᠦ ᠵᠢᠭᠲᠡᠢᠬᠡᠨ᠃ ᠴᠢᠳᠬᠥᠷ ᠦ᠋ᠨ ᠭᠣᠣ ᠳ᠋ᠤ᠌ ᠬᠦᠷᠦᠭᠰᠡᠨ ᠴᠢᠨᠢ ᠭᠡᠨᠡᠳᠲᠡ<ᠴᠣᠭᠪᠠᠭᠠᠲᠤᠷ ᠠ! ᠨᠠᠮᠠᠶ᠋ᠢ ᠬᠦᠯᠢᠶᠡᠵᠦ ᠪᠠᠢ!> ᠭᠡᠬᠦ ᠬᠠᠮᠢᠭ᠎ᠠ ᠨᠢᠭᠡ ᠪᠦᠰᠡᠭᠦᠢ ᠬᠥᠮᠦᠨ ᠦ᠌ ᠪᠠᠷᠬᠢᠷᠠᠬᠤ ᠴᠢᠮᠡᠭᠡ ᠭᠠᠷᠬᠤ ᠰᠢᠭ᠋ ᠰᠣᠨᠣᠰᠳᠠᠬᠤ ᠳ᠋ᠤ᠌᠂ ᠵᠠ᠂ ᠥᠨᠥᠬᠢ ᠬᠥᠮᠦᠰ ᠦ᠋ᠨ ᠬᠡᠯᠡᠯᠴᠡᠳᠡᠭ ᠴᠢᠳᠬᠥᠷ ᠭᠡᠳᠡᠭ ᠶᠠᠭᠤᠮ᠎ᠠ ᠦᠨᠡᠬᠡᠷ ᠪᠠᠢᠳᠠᠭ ᠶᠤᠮ ᠪᠠᠢᠨ᠎ᠠ ᠭᠡᠵᠦ ᠪᠣᠳᠣᠨ ᠬᠤᠢᠬᠠᠨ ᠤ᠋ ᠦᠰᠦ ᠠᠷᠵᠠᠢᠪᠠ᠃ ᠲᠡᠭᠡᠭᠡᠳ ᠯᠡ ᠪᠢ ᠮᠣᠷᠢᠨ ᠳ᠋ᠠᠭᠠᠨ ᠲᠠᠰᠢᠭᠤᠷ ᠥᠭᠬᠦ ᠳ᠋ᠦ᠍ ᠰᠢᠷᠦᠭᠦᠨ ᠳᠣᠪᠲᠣᠯᠬᠤ ᠲᠦᠪᠡᠷᠭᠡᠨ ᠰᠣᠨᠣᠰᠳᠠᠬᠤ ᠠ᠋ᠴᠠ ᠪᠢᠰᠢ ᠵᠠᠮ ᠳᠥᠭᠥᠬᠦ ᠦᠭᠡᠢ ᠪᠡᠷ ᠨᠢ ᠳᠣᠣᠷ᠎ᠠ ᠪᠠᠨ ᠳᠡᠪᠬᠡᠴᠡᠵᠦ ᠪᠠᠢᠭ᠎ᠠ ᠰᠢᠭ᠋᠁ ᠵᠠᠮ ᠤ᠋ᠨ ᠬᠠᠵᠠᠭᠤ ᠳ᠋ᠤ᠌ ᠨᠢᠭᠡ ᠰᠠᠢᠬᠠᠨ ᠪᠦᠰᠡᠭᠦᠢ ᠵᠣᠭᠰᠣᠵᠤ<ᠨᠠᠮᠠᠶ᠋ᠢ ᠰᠤᠨᠳᠠᠯᠠᠭᠠᠳ ᠶᠠᠪᠤ᠂ ᠭᠤᠶᠤᠶ᠎ᠠ ᠳᠠ> ᠭᠡᠵᠦ ᠬᠥᠮᠦᠰ ᠦ᠋ᠨ ᠶᠠᠷᠢᠳᠠᠭ ᠨᠢ ᠲᠡᠷᠡ ᠴᠢᠭ ᠢ᠋ᠶ᠋ᠡᠷ ᠢ᠋ᠶ᠋ᠡᠨ ᠴᠢᠬᠢᠨ ᠳ᠋ᠦ᠍ ᠰᠣᠨᠣᠰᠳᠠᠬᠤ ᠰᠢᠭ᠋ ᠪᠣᠯᠪᠠ᠁ ᠠᠶᠤᠭᠰᠠᠨ ᠬᠥᠮᠦᠨ ᠦ᠌ ᠨᠢᠳᠦᠨ ᠳ᠋ᠦ᠍ ᠠᠷᠭᠠᠯ ᠬᠥᠳᠡᠯᠦᠨ᠎ᠡ ᠭᠡᠳᠡᠭ ᠢ᠋ᠶ᠋ᠡᠷ ᠨᠢᠳᠦᠨ ᠳ᠋ᠦ᠍ ᠲᠡᠷᠡ ᠪᠦᠬᠦᠨ ᠦᠨᠡᠨ ᠶᠦᠮ ᠰᠢᠭ ᠡᠷᠪᠡᠩ ᠰᠡᠷᠪᠡᠩ ᠬᠥᠳᠡᠯᠬᠦ ᠶ᠋ᠢ ᠶᠠᠭᠠᠬᠢᠨ᠎ᠠ⁈<ᠵᠠ ᠪᠠᠢᠵᠠ᠂ ᠡᠨᠡ ᠥᠯᠥᠨ ᠰᠦᠨᠡᠰᠦ ᠶ᠋ᠢ ᠠᠲᠤᠷᠢᠲᠠᠯ᠎ᠠ ᠬᠦᠯᠢᠵᠦ ᠠᠪᠤᠭᠠᠳ ᠶᠠᠪᠤᠶ᠎ᠠ!> ᠭᠡᠳ ᠪᠤᠷᠤᠭᠤ ᠲᠠᠯ᠎ᠠ ᠶ᠋ᠢᠨ ᠭᠠᠨᠵᠤᠭᠠᠨ ᠳ᠋ᠠᠬᠢ ᠴᠢᠳᠥᠷ ᠢ᠋ ᠲᠠᠢᠯᠵᠤ ᠥᠨᠥᠬᠢ ᠶᠠᠩᠭᠢᠨᠠᠭᠠᠳ ᠪᠠᠢᠳᠠᠭ ᠪᠦᠰᠡᠭᠦᠢ ᠶ᠋ᠢ ᠪᠥᠰᠡᠨ ᠳ᠋ᠡᠭᠡᠨ ᠢᠪ ᠨᠠᠭᠠᠯᠳᠤᠭᠤᠯᠤᠨ ᠳᠠᠩᠭᠢᠨᠠᠲᠠᠯ᠎ᠠ ᠪᠦᠰᠡᠯᠡᠪᠡ᠃ ᠲᠡᠭᠡᠭᠰᠡᠨ ᠴᠢᠨᠢ ᠬᠠᠷᠢᠨ ᠥᠨᠥᠬᠢ ᠶᠠᠩᠭᠢᠨᠠᠭᠤᠷ ᠪᠦᠰᠡᠭᠦᠢ<ᠭᠤᠶᠤᠶ᠎ᠠ ᠳᠠ᠂ ᠴᠣᠭᠪᠠᠭᠠᠲᠤᠷ ᠠ᠋᠂ ᠨᠠᠮᠠᠶ᠋ᠢ ᠰᠤᠯᠠᠯᠠᠭᠠᠴᠢ! ᠪᠢ ᠬᠥᠮᠦᠨ ᠪᠢᠰᠢ᠂ ᠪᠤᠭ ᠣᠷᠣᠰᠢᠭᠰᠠᠨ ᠰᠡᠭᠦᠵᠢᠨ ᠦ᠌ ᠬᠤᠪᠠᠬᠠᠢ ᠶᠠᠰᠤ ᠶᠤᠮ ᠠ᠋᠂ ᠪᠢ ᠪᠠᠭᠤᠶ᠎ᠠ! ᠪᠢ ᠪᠠᠭᠤᠶ᠎ᠠ!> ᠭᠡᠳ ᠶᠠᠩᠭᠢᠨᠠᠵᠤ ᠡᠬᠢᠯᠡᠪᠡ᠃ ᠢᠩᠭᠢᠬᠦ ᠳ᠋ᠦ᠍ ᠪᠢ ᠤᠯᠠᠮ ᠵᠣᠷᠢᠭ ᠣᠷᠣᠵᠤ᠂ ᠡᠨᠡ ᠬᠤᠪᠠᠬᠠᠢ ᠰᠡᠭᠦᠵᠢᠨ ᠴᠢᠳᠬᠥᠷ ᠴᠣᠬᠣᠮ ᠶᠠᠭᠠᠬᠢᠳᠠᠭ ᠢ᠋ ᠨᠢ ᠦᠵᠡᠶ᠎ᠡ ᠭᠡᠳ ᠪᠦᠰᠡᠯᠡᠭᠰᠡᠨ ᠴᠢᠳᠥᠷ ᠢ᠋ᠶ᠋ᠡᠨ ᠤᠯᠠᠮ ᠴᠢᠩᠭᠠᠯᠠᠵᠤ ᠮᠣᠷᠢᠨ ᠳ᠋ᠠᠭᠠᠨ ᠲᠠᠰᠢᠭᠤᠷ ᠥᠭᠭᠦᠨ ᠬᠤᠷᠳᠤᠯᠠᠵᠤ ᠴᠢᠳᠬᠥᠷ ᠲᠡᠢ ᠦᠭᠡ ᠬᠡᠯᠡᠯᠴᠡᠳᠡᠭ ᠦᠭᠡᠢ᠂ ᠭᠡᠳᠡᠷᠭᠦ ᠪᠡᠨ ᠬᠠᠷᠠᠳᠠᠭ ᠦᠭᠡᠢ ᠭᠡᠳᠡᠭ ᠬᠠᠭᠤᠴᠢᠨ ᠤ᠋ ᠬᠥᠮᠦᠰ ᠦ᠋ᠨ ᠬᠡᠯᠡᠳᠡᠭ ᠶᠣᠰᠣᠭᠠᠷ ᠦᠭᠡ ᠳᠠᠭᠤ ᠦᠭᠡᠢ ᠮᠣᠷᠢ ᠪᠠᠨ ᠳᠠᠪᠢᠷᠠᠭᠰᠠᠨ ᠳ᠋ᠤ᠌ ᠮᠣᠷᠢ ᠳᠠᠪᠬᠢᠵᠤ ᠯᠠ ᠪᠠᠢᠨ᠎ᠠ᠁ ᠲᠡᠭᠡᠪᠡᠴᠦ ᠵᠠᠮ ᠲᠦᠭᠦᠳᠡᠭ ᠦᠭᠡᠢ᠃ ᠥᠨᠥᠬᠢ ᠪᠦᠰᠡᠭᠦᠢ ᠴᠢᠳᠥᠷ ᠲᠦ᠍ ᠤᠶᠠᠭᠳᠠᠭᠰᠠᠨ ᠠ᠋ᠴᠠ ᠮᠣᠷᠢᠨ ᠠ᠋ᠴᠠ ᠪᠠᠭᠤᠵᠤ ᠴᠢᠳᠠᠬᠤ ᠦᠭᠡᠢ᠃ ᠲᠡᠭᠡᠬᠦ ᠳ᠋ᠡᠭᠡᠨ ᠴᠠᠭᠠᠳᠤ ᠴᠢᠳᠬᠥᠷ ᠦ᠋ᠳ ᠨᠢ ᠬᠠᠷᠢᠨ ᠮᠣᠷᠢ ᠶ᠋ᠢ ᠮᠢᠨᠢ ᠴᠢᠳᠥᠷᠯᠡᠭᠰᠡᠨ ᠪᠠᠢᠵᠠᠢ᠃ ᠨᠢᠭᠡ ᠰᠥᠨᠢ ᠪᠢᠵᠢᠭᠢᠨᠡᠭᠡᠳ ᠴᠢᠳᠬᠥᠷ ᠦ᠋ᠨ ᠬᠣᠲᠣᠭᠣᠷ ᠠ᠋ᠴᠠ ᠭᠠᠷᠤᠭᠰᠠᠨ ᠦᠭᠡᠢ᠃ ᠤᠨᠤᠭᠰᠠᠨ ᠮᠣᠷᠢ ᠭᠡᠵᠦ ᠤᠰᠤᠨ ᠬᠤᠯᠤᠭᠠᠨ᠎ᠠ᠃ ᠴᠢᠳᠬᠥᠷ ᠭᠠᠯ ᠠ᠋ᠴᠠ ᠠᠶᠤᠳᠠᠭ ᠭᠡᠰᠡᠨ ᠢ᠋ ᠭᠡᠨᠡᠳᠲᠡ ᠰᠠᠨᠠᠵᠤ ᠪᠠᠭᠤᠭᠠᠳ ᠲᠦᠳᠡᠭ ᠨᠣᠴᠣᠭᠠᠶ᠎ᠠ ᠭᠡᠰᠡᠨ ᠴᠢᠨᠢ ᠶᠠᠭᠠᠬᠢᠪᠠᠴᠤ ᠪᠣᠯᠳᠠᠭ ᠦᠭᠡᠢ᠃ ᠠᠷᠭ᠎ᠠ ᠦᠭᠡᠢ ᠪᠥᠰᠡᠨ ᠳ᠋ᠡᠬᠢ ᠠᠬᠤᠷ ᠫᠤᠤ ᠪᠠᠨ ᠰᠤᠭᠤᠯᠵᠤ ᠮᠣᠷᠢᠨ ᠤ᠋ ᠪᠠᠨ ᠬᠥᠯ ᠳᠣᠣᠭᠤᠷ ᠫᠠᠩ᠂ ᠫᠠᠩ ᠭᠡᠵᠦ ᠬᠣᠶᠠᠷ ᠫᠤᠤᠳᠠᠪᠠ᠂<ᠠᠶ᠎ᠠ! ᠮᠥᠮᠥ ᠠ᠋᠂ ᠪᠢᠲᠡᠭᠡᠢ ᠫᠤᠤᠳᠠ! ᠲᠡᠷᠡ ᠶᠠᠭᠤᠮ᠎ᠠ ᠪᠠᠨ ᠴᠠᠭᠠᠰᠢ ᠬᠠᠶᠠ᠁> ᠭᠡᠵᠦ ᠪᠦᠰᠡᠭᠦᠢ ᠬᠥᠮᠦᠨ ᠦ᠌ ᠤᠬᠢᠯᠠᠩᠨᠠᠬᠤ ᠳᠠᠭᠤᠨ ᠰᠣᠨᠣᠰᠳᠠᠪᠠ᠃ ᠭᠠᠯ ᠴᠣᠷᠭᠢᠭᠰᠠᠨ ᠫᠤᠤ ᠶ᠋ᠢᠨ ᠳᠠᠭᠤᠨ ᠢ᠋ᠶ᠋ᠠᠷ ᠴᠢᠳᠥᠷ ᠨᠢ ᠠᠯᠳᠠᠷᠠᠭᠰᠠᠨ ᠮᠣᠷᠢ ᠬᠠᠷᠪᠤᠭᠰᠠᠨ ᠰᠤᠮᠤ ᠰᠢᠭ᠋ ᠰᠠᠯᠬᠢ ᠱᠤᠤᠭᠢᠭᠤᠯᠪᠠ᠁》 ᠭᠡᠵᠦ ᠴᠣᠭᠪᠠᠭᠠᠲᠤᠷ ᠭᠦᠳ ᠭᠦᠳ ᠴᠠᠢ ᠣᠭᠣᠴᠢᠯᠠᠩᠭᠠᠨ ᠪᠡᠶ᠎ᠡ ᠪᠡᠨ ᠴᠢᠳᠬᠥᠷ ᠡᠴᠡ ᠠᠶᠤᠳᠠᠭ ᠦᠭᠡᠢ ᠪᠠᠭᠠᠲᠤᠷ ᠡᠷ᠎ᠡ ᠭᠡᠵᠦ ᠨᠠᠰᠤᠨᠴᠡᠴᠡᠭ ᠢ᠋ ᠬᠤᠳᠠᠯ ᠳᠡᠯᠡᠰᠦᠨ ᠬᠥᠪᠰᠥᠷᠳᠡᠨ᠎ᠡ᠃  
       — ᠭᠡᠭᠡᠨ ᠡᠳᠦᠷ ᠶᠠᠭᠤ ᠬᠢᠭᠡᠳ ᠬᠠᠷᠠᠩᠭᠤᠢ ᠰᠥᠨᠢ ᠪᠡᠷ ᠴᠢᠳᠬᠥᠷ ᠦ᠋ᠨ ᠭᠣᠣ ᠶ᠋ᠢ ᠲᠤᠭᠤᠯᠳᠠᠭ ᠪᠣᠢ? ᠶᠠᠮᠠᠷ ᠭᠡᠨᠡᠨ ᠶᠦᠮ⁈ ᠭᠡᠵᠦ ᠴᠣᠭᠪᠠᠭᠠᠲᠤᠷ ᠤ᠋ᠨ ᠬᠤᠳᠠᠯ ᠬᠡᠯᠡᠭᠰᠡᠨ ᠢ᠋ ᠦᠨᠡᠮᠰᠢᠭᠰᠡᠨ ᠨᠠᠰᠤᠨᠴᠡᠴᠡᠭ ᠭᠠᠯ ᠤ᠋ᠨ ᠬᠤᠰᠤᠭᠤᠷ ᠲᠤ ᠠᠷᠭᠠᠯ ᠤ᠋ᠨ ᠤᠯᠠᠢᠭᠰᠠᠨ ᠴᠣᠭ ᠠᠪᠴᠤ ᠳᠡᠭᠡᠷ᠎ᠡ ᠨᠢ ᠪᠠᠯᠪᠠᠳᠠᠭ ᠠᠷᠴᠠ ᠤᠭᠤᠭᠢᠭᠤᠯᠤᠨ ᠴᠣᠭᠪᠠᠭᠠᠲᠤᠷ ᠤ᠋ᠨ ᠪᠡᠶ᠎ᠡ ᠶ᠋ᠢ ᠠᠷᠢᠭᠤᠳᠬᠠᠨ《ᠪᠤᠭ ᠴᠢᠳᠬᠥᠷ ᠴᠠᠭᠠᠰᠢ ᠪᠠᠨ᠂ ᠪᠤᠶᠠᠨ ᠬᠡᠰᠢᠭ ᠨᠠᠭᠠᠰᠢ ᠪᠠᠨ!》 ᠭᠡᠵᠦ ᠠᠮᠠᠨ ᠳ᠋ᠠᠭᠠᠨ ᠳᠦᠳᠦᠨᠡᠪᠡ᠃   
       ᠴᠣᠭᠪᠠᠭᠠᠲᠤᠷ ᠤ᠋ᠨ ᠬᠤᠳᠠᠯ ᠬᠡᠯᠡᠭᠰᠡᠨ ᠢ᠋ ᠶᠡᠬᠡᠳᠡ ᠦᠨᠡᠮᠰᠢᠵᠦ ᠡᠢᠨ ᠲᠡᠢᠨ ᠲᠣᠮ ᠬᠢᠵᠦ ᠡᠭᠦᠷᠲᠦᠭᠰᠡᠨ ᠨᠠᠰᠤᠨᠴᠡᠴᠡᠭ ᠢ᠋ ᠬᠠᠷᠠᠭᠠᠳ ᠴᠣᠭᠪᠠᠭᠠᠲᠤᠷ ᠢᠨᠢᠶᠡᠳᠦ ᠠᠯᠲᠠᠨ ᠰᠡᠮᠡᠬᠡᠷ ᠠᠮᠠ ᠪᠠᠨ ᠲᠠᠭᠯᠠᠭᠰᠠᠨ ᠳ᠋ᠤ᠌ ᠨᠠᠰᠤᠨᠴᠡᠴᠡᠭ᠄ 
       — ᠡᠨᠡ ᠮᠠᠭᠤ ᠦᠬᠦᠳᠡᠭ ᠦᠭᠡᠢ ᠳᠠᠮᠰᠢᠭ! ᠴᠢᠳᠬᠥᠷ ᠮᠥᠳᠬᠦᠷ ᠭᠡᠵᠦ ᠬᠥᠮᠦᠨ ᠠᠶᠤᠯᠭᠠᠬᠤ ᠳ᠋ᠠᠭᠠᠨ! ᠭᠡᠳ ᠴᠣᠭᠪᠠᠭᠠᠲᠤᠷ ᠢ᠋ ᠴᠢᠮᠬᠢᠭᠰᠡᠨ ᠳ᠋ᠦ᠍ ᠴᠣᠭᠪᠠᠭᠠᠲᠤᠷ《ᠶᠣ᠂ ᠬᠠᠯᠠᠬᠠᠢ!》 ᠭᠡᠳ ᠨᠠᠰᠤᠨᠴᠡᠴᠡᠭ ᠢ᠋ ᠡᠪᠦᠷ ᠲᠡᠭᠡᠨ ᠲᠡᠪᠡᠷᠢᠵᠦ ᠥᠬᠥᠭᠡᠷᠳᠡᠨ ᠬᠠᠢᠷᠠᠯᠠᠪᠠ᠁ 
       ᠳᠣᠮᠪᠣᠭᠣᠷ ᠬᠣᠶᠠᠷ ᠬᠥᠬᠥ ᠶ᠋ᠢᠨ ᠢ᠋ᠶ᠋ᠡᠨ ᠲᠣᠷᠭᠠᠨ ᠴᠡᠴᠡᠭ ᠢ᠋ ᠡᠷ᠎ᠡ ᠬᠦᠢᠰᠦᠲᠡᠨ ᠢ᠋ᠶ᠋ᠡᠷ ᠢᠮᠡᠷᠦᠭᠦᠯᠦᠭᠰᠡᠨ ᠨᠠᠰᠤᠨᠴᠡᠴᠡᠭ ᠦ᠋ᠨ ᠮᠠᠬᠠᠪᠣᠳ ᠡᠷᠪᠡᠭᠡᠨᠡᠨ ᠬᠠᠢᠯᠵᠤ᠂ ᠪᠦᠬᠦ ᠮᠡᠳᠡᠷᠡᠯ ᠨᠢ ᠮᠢᠨᠴᠦᠭᠦᠷᠡᠵᠦ᠂ ᠬᠠᠢᠷ᠎ᠠ ᠶ᠋ᠢᠨ ᠪᠠᠯ ᠨᠢ ᠨᠢᠭᠡ ᠯᠡ ᠴᠢᠭ ᠲᠦ᠍ ᠱᠦᠭᠦᠷᠡᠬᠦ ᠰᠢᠭ ᠪᠡᠶ᠎ᠡ ᠨᠢ ᠰᠤᠯᠳᠠᠢᠪᠠ᠃


— — — —
① ᠭᠠᠵᠠᠷ ᠤ᠋ᠨ ᠨᠡᠷ᠎ᠡ᠂ ᠪᠥᠭᠲᠥᠷ ᠡᠪᠦᠭᠡᠨ ᠦ᠌ ᠰᠠᠭᠤᠳᠠᠭ ᠭᠠᠵᠠᠷ 
② ᠨᠤᠲᠤᠭ ᠤ᠋ᠨ ᠬᠡᠯᠡᠯᠭᠡ᠃ ᠪᠣᠣᠪᠣ ᠪᠣᠭᠣᠷᠰᠣᠭ ᠬᠠᠩᠨᠠᠨ᠎ᠠ ᠭᠡᠳᠡᠭ ᠨᠢ ᠬᠠᠭᠤᠷᠠᠢ ᠲᠣᠭᠣᠭᠠᠨ ᠳ᠋ᠤ᠌ ᠬᠠᠭᠰᠠᠭᠠᠵᠤ ᠪᠣᠯᠭᠣᠬᠤ ᠶ᠋ᠢ ᠬᠡᠯᠡᠳᠡᠭ᠃  
③ ᠬᠠᠭᠤᠴᠢᠨ ᠳ᠋ᠤ᠌ ᠨᠤᠲᠤᠭ ᠤ᠋ᠨ ᠵᠠᠷᠢᠮ ᠫᠤᠤ ᠦᠭᠡᠢ ᠰᠠᠢᠨ ᠡᠷᠡᠰ ᠬᠣᠵᠤᠤᠯ᠎ᠠ ᠪᠤᠶᠤ ᠱᠦᠭᠦᠷ ᠦ᠋ᠨ ᠪᠥᠭᠰᠡ ᠶ᠋ᠢ ᠤᠯᠠᠭᠠᠨ ᠪᠥᠰ ᠲᠦ᠍ ᠪᠠᠭᠯᠠᠵᠤ ᠬᠥᠮᠦᠨ ᠬᠠᠷ᠎ᠠ ᠠᠶᠤᠯᠭᠠᠳᠠᠭ ᠪᠠᠢᠭᠰᠠᠨ ᠭᠡᠨ᠎ᠡ᠃ 
④ ᠠᠷᠢᠬᠢᠨ ᠳ᠋ᠤ᠌ ᠮᠠᠭᠤ ᠵᠠᠩ ᠭᠠᠷᠭᠠᠵᠤ ᠳᠡᠭᠡᠷ᠎ᠡ ᠳᠠᠭᠤᠨ ᠢ᠋ᠶ᠋ᠠᠷ ᠪᠠᠷᠬᠢᠷᠠᠬᠤ ᠶ᠋ᠢ ᠤᠷᠠᠳ ᠤ᠋ᠳ《ᠢᠮᠠᠭ᠎ᠠ ᠲᠠᠭᠤᠨ᠎ᠠ》 ᠭᠡᠳᠡᠭ᠃  


         ᠦᠰᠦᠭ ᠠᠮᠢᠯᠠᠭᠤᠯᠤᠭᠰᠠᠨ ᠨᠢ᠄ ᠭᠠᠷᠮ᠎ᠠ