ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠ ᠶᠢᠰᠦ Үүрийн туяа II – Б ᠂ Ренчин Хоёрдугаар дэвтэр "Гал усны гашуун зовлон"-19 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠ ᠶᠢᠰᠦ Үүрийн туяа II – Б ᠂ Ренчин Хоёрдугаар дэвтэр "Гал усны гашуун зовлон"-19

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠ ᠶᠢᠰᠦ Үүрийн туяа II – Б ᠂ Ренчин Хоёрдугаар дэвтэр "Гал усны гашуун зовлон"-19

ᠠᠩᠭᠢᠯᠠᠯ:ᠲᠤᠭᠤᠵᠢ ᠷᠣᠮᠠᠨ
2025-02-13

317

ᠠᠷᠪᠠ ᠶᠢᠰᠦ᠂ ᠬᠥᠳᠡᠭᠡ

          
                    Чи  буде  правда  меж  людей?  
                                                Шевченко *

       ᠰᠢᠷᠴᠢᠨ ᠲᠡᠷᠡ ᠨᠠᠮᠤᠷ ᠲᠠᠭᠠᠨ(ᠳ᠋ᠤ᠌ ᠪᠠᠨ) ᠡᠷᠭᠦᠭᠰᠡᠨ ᠡᠴᠢᠭᠡ ᠶ᠋ᠢᠨ ᠡᠴᠡ ᠪᠡᠨ ᠰᠠᠯᠵᠤ ᠣᠳᠪᠠ᠃ ᠦᠭᠡ ᠳᠠᠭᠤᠨ ᠦᠭᠡᠢ ᠨᠣᠮᠣᠬᠠᠨ ᠴᠡᠷᠡᠨ ᠢ᠋ ᠦᠷ ᠦᠷᠭᠦᠯᠵᠢ ᠥᠷᠡᠭᠦᠳᠡᠳᠡᠭ (ᠡᠷᠭᠦᠭᠦᠳᠡᠳᠡᠭ) ᠵᠠᠩᠲᠠᠢ ᠲᠡᠰᠬᠦ ᠶ᠋ᠢᠨ ᠠᠷᠭ᠎ᠠ ᠦᠭᠡᠢ ᠰᠠᠨᠠᠭᠳᠠᠵᠤ ᠪᠢᠯᠡ᠃ 
       — ᠬᠠᠷ᠎ᠠ ᠥᠷᠯᠥᠭᠡ ᠠᠷᠠᠢ ᠬᠢᠵᠦ ᠬᠣᠶᠠᠷ ᠬᠠᠷ᠎ᠠ ᠨᠢᠳᠦ ᠪᠡᠨ ᠬᠠᠭ᠎ᠠ ᠲᠠᠲᠠᠭᠠᠳ ᠬᠠᠷᠢᠶᠠᠯ ᠬᠢᠵᠦ ᠭᠠᠷᠳᠠᠭ ᠲᠠᠨᠢ ᠶᠠᠭᠠᠬᠢᠭᠰᠠᠨ ᠵᠢᠭᠲᠡᠢ ᠶᠦᠮ ᠪᠣᠢ? ᠲᠠ᠂ ᠶᠡᠷᠦ ᠨᠢ ᠶᠡᠬᠡᠯ᠎ᠡ (ᠶᠡᠬᠡ ᠯᠡ) ᠮᠠᠭᠤ ᠰᠠᠨᠠᠭ᠎ᠠ ᠲᠠᠢ ᠬᠥᠮᠦᠨ ᠪᠠᠢᠨ᠎ᠠ᠃ ᠲᠠᠨ ᠤ᠋ ᠠᠯᠢ ᠲᠦᠷᠦᠭᠦᠦ ᠶ᠋ᠢᠨ ᠬᠢᠨ ᠢ᠋ ᠪᠣᠳᠣᠪᠠᠯ ᠭᠡᠷ ᠦ᠋ᠨ ᠳᠣᠲᠣᠷ᠎ᠠ ᠬᠥᠮᠦᠨ ᠪᠦᠯᠢ ᠨᠡᠮᠡᠭᠳᠡᠭᠰᠡᠨ ᠶᠦᠮ ᠪᠢᠰᠢ ᠤᠤ? ᠭᠡᠵᠦ ᠰᠢᠷᠴᠢᠨ᠂ ᠨᠢᠭᠡ ᠥᠷᠯᠥᠭᠡ ᠴᠢᠮᠠᠶ᠋ᠢ(ᠴᠢᠮ᠎ᠠ ᠶ᠋ᠢ) ᠴᠠᠢ ᠴᠢᠨᠠᠳᠠᠭ ᠪᠣᠯᠤᠭᠰᠠᠨ ᠠ᠋ᠴᠠ ᠬᠣᠢᠰᠢ ᠴᠠᠢ ᠲᠡᠰᠬᠦ ᠪᠡᠨ ᠪᠠᠢᠯ᠎ᠠ ᠭᠡᠵᠦ ᠴᠡᠷᠡᠨ ᠢ᠋ ᠠᠭᠠᠰᠢᠯᠠᠨ ᠵᠠᠩᠨᠠᠬᠤ ᠳ᠋ᠤᠨᠢ(ᠳ᠋ᠤ᠌ ᠨᠢ) ᠳᠤᠤᠭᠠᠷᠪᠠᠰᠤ᠂ ᠵᠠᠩᠲᠠᠢ ᠶ᠋ᠢᠨ ᠠᠭᠤᠷ ᠬᠢᠯᠢᠩ ᠰᠢᠷ᠎ᠠ ᠰᠢᠯᠮᠦᠰᠦᠨ(ᠰᠢᠯᠮᠦᠦᠰᠦᠨ) ᠳ᠋ᠦ᠍ ᠠᠰᠠᠭᠠᠭᠰᠠᠨ ᠭᠠᠯ ᠰᠢᠭ᠋ ᠰᠢᠳᠡᠵᠦ᠂ ᠰᠢᠷᠴᠢᠨ ᠢ᠋ ᠬᠠᠷᠢᠶᠠᠵᠤ ᠡᠬᠢᠯᠡᠭᠰᠡᠨ ᠪᠢᠯᠡ᠃ ᠵᠠᠮᠪᠠ᠂ ᠰᠢᠷᠴᠢᠨ ᠦ᠌ ᠵᠦᠭ ᠦᠷᠦ ᠡᠪᠡᠳᠳᠦᠭᠰᠡᠨ(ᠡᠪᠡᠳᠦᠭᠰᠡᠨ) ᠪᠠᠢᠳᠠᠯ ᠲᠠᠢ ᠰᠠᠮ ᠬᠤᠯᠠᠭᠠᠢ ᠨᠢᠳᠦ ᠪᠡᠷ ᠬᠠᠷᠠᠪᠠᠴᠤ᠂ ᠵᠠᠩᠲᠠᠢ ᠶ᠋ᠢᠨ ᠠᠭᠤᠷ ᠠ᠋ᠴᠠ ᠠᠶᠤᠵᠤ ᠠᠮᠠ ᠨᠡᠭᠡᠭᠡᠭᠰᠡᠨ ᠦᠭᠡᠢ᠃ 
       — ᠪᠤᠷᠬᠠᠨ ᠴᠤ᠌ ᠭᠡᠰᠡᠨ ᠲᠠᠨ ᠤ᠋ ᠳᠡᠷᠭᠡᠳᠡ ᠢᠩᠭᠢᠵᠦ ᠪᠠᠢᠪᠠᠯ᠂ ᠨᠢᠭᠦᠯ ᠬᠢᠯᠢᠨᠴᠡ ᠬᠤᠷᠢᠶᠠᠬᠤ ᠰᠠᠨ ᠪᠠᠢᠬᠤ᠃ ᠪᠢ ᠲᠠᠨ ᠲᠠᠢ ᠬᠠᠮᠲᠤ ᠢᠩᠭᠢᠵᠦ ᠪᠠᠢᠵᠤ ᠴᠢᠳᠠᠬᠤ ᠦᠭᠡᠢ᠂ ᠰᠠᠯᠵᠤ ᠨᠡᠭᠦᠨ᠎ᠡ ᠭᠡᠳ ᠰᠢᠷᠴᠢᠨ ᠲᠡᠷᠡ ᠡᠳᠦᠷ ᠲᠡᠭᠡᠨ ᠵᠡᠷᠭᠡᠯᠡᠳᠡᠭᠡ ᠠᠢᠯ ᠠ᠋ᠴᠠ ᠬᠡᠳᠦᠨ ᠰᠠᠷᠯᠤᠭ ᠭᠤᠶᠤᠵᠤ ᠨᠡᠭᠦᠬᠦ ᠳ᠋ᠦ᠍᠂ ᠵᠠᠩᠲᠠᠢ ᠶ᠋ᠢᠨ ᠠᠭᠤᠷ ᠤᠯᠠᠮ ᠢ᠋ᠶ᠋ᠠᠷ ᠪᠠᠳᠠᠷᠠᠵᠤ ᠬᠠᠷᠢᠶᠠᠯ ᠰᠢᠷᠡᠭᠡᠯ ᠲᠠᠯᠪᠢᠵᠤ ᠰᠢᠷᠴᠢᠨ ᠦ᠌ ᠬᠣᠢᠨ᠎ᠠ ᠠ᠋ᠴᠠ ᠬᠠᠷ᠎ᠠ ᠤᠰᠤ ᠴᠠᠴᠤᠪᠠᠰᠤ᠂ 
       — ᠬᠠᠷᠢᠶᠠᠯ ᠴᠢᠨᠢ ᠬᠠᠷ᠎ᠠ ᠲᠣᠯᠣᠭᠠᠢ ᠳᠡᠭᠡᠷ᠎ᠡ ᠴᠢᠨᠢ ᠡᠷᠭᠢᠵᠦ ᠲᠤᠰᠤᠭ! ᠭᠡᠵᠦ ᠰᠢᠷᠴᠢᠨ᠂ ᠵᠠᠩᠲᠠᠢ ᠶ᠋ᠢᠨ ᠲᠡᠷᠡ ᠤᠰᠤ ᠬᠠᠶᠠᠬᠤ ᠳ᠋ᠤᠨᠢ ᠠᠮᠠᠨ ᠳᠣᠲᠣᠷ᠎ᠠ ᠪᠠᠨ ᠬᠠᠷᠢᠭᠤ ᠲᠠᠯᠪᠢᠵᠤ ᠪᠢᠯᠡ᠃  
       ᠡᠪᠦᠯ ᠦ᠋ᠨ ᠡᠬᠢᠨ ᠰᠠᠷ᠎ᠠ ᠶ᠋ᠢᠨ ᠰᠢᠨᠡᠳ ᠢ᠋ᠶ᠋ᠡᠷ ᠰᠢᠷᠴᠢᠨ ᠦ᠌ ᠡᠪᠦᠯᠵᠢᠭᠡᠨ ᠳ᠋ᠦ᠍ ᠨᠢᠭᠡ ᠣᠷᠣᠢ ᠵᠠᠮᠪᠠ ᠳᠠᠯᠠᠭᠠᠳ ᠬᠣᠨᠢ ᠲᠠᠭᠤᠭᠰᠠᠭᠠᠷ ᠬᠦᠷᠴᠦ ᠢᠷᠡᠪᠡ᠃ 
       — ᠵᠠ᠂ ᠬᠡᠦᠬᠡ ᠪᠢ ᠬᠦᠷᠴᠦ ᠢᠷᠡᠯ᠎ᠡ ᠰᠢᠦ᠃ ᠣᠳᠣ ᠲᠠᠨᠠᠢ ᠳ᠋ᠤ᠌ ᠰᠠᠭᠤᠨ᠎ᠠ᠃ ᠲᠡᠷᠡ ᠦᠮᠡᠬᠡᠢ ᠬᠠᠷ᠎ᠠ ᠠᠯᠮᠤᠰ(ᠠᠯᠮᠠᠰ) ᠤ᠋ᠨ ᠪᠣᠱᠣᠭ᠎ᠠ ᠶ᠋ᠢ ᠴᠦ᠍ ᠡᠭᠦᠨ ᠡᠴᠡ ᠬᠣᠢᠰᠢ ᠲᠡᠭᠦᠨ ᠡᠴᠡ ᠴᠠᠰᠢ ᠠᠯᠬᠤᠬᠤ ᠦᠭᠡᠢ᠂ ᠰᠠᠯᠬᠢᠨ ᠤ᠋ ᠴᠤ᠌ ᠳᠣᠭᠤᠤᠷ ᠭᠠᠷᠬᠤ ᠦᠭᠡᠢ᠃ ᠲᠡᠷᠡ ᠠᠯᠮᠤᠰ(ᠠᠯᠮᠠᠰ) ᠤ᠋ᠨ ᠰᠠᠪᠠᠷ ᠠ᠋ᠴᠠ ᠡᠨᠡ ᠬᠡᠳᠦᠨ ᠬᠣᠨᠢ ᠶ᠋ᠢ ᠲᠠᠰᠤᠳᠠᠵᠤ ᠠᠪᠤᠯ᠎ᠠ᠃ ᠵᠠᠩᠲᠠᠢ ᠳᠤᠮ᠎ᠠ ᠬᠣᠶᠠᠷ ᠰᠢᠮᠨᠤᠰᠤᠨ ᠡᠮ᠎ᠡ᠂ ᠡᠨᠡ ᠬᠡᠳᠦᠨ ᠬᠣᠨᠢᠨ ᠠ᠋ᠴᠠ ᠪᠣᠯᠵᠤ ᠨᠠᠮᠠᠶ᠋ᠢ ᠪᠡᠯᠴᠢᠭᠡᠷ ᠳᠡᠭᠡᠷ᠎ᠡ ᠵᠠᠶᠠᠭ᠎ᠠ ᠲᠠᠢ ᠯᠠ ᠲᠠᠰᠤᠳᠠᠵᠤ ᠣᠷᠬᠢᠭᠰᠠᠨ ᠦᠭᠡᠢ᠃ ᠮᠢᠨᠦ ᠪᠤᠶᠠᠨ ᠳ᠋ᠤ᠌ ᠬᠠᠬᠠᠵᠤ ᠦᠬᠦᠬᠦ ᠪᠣᠯᠤᠭᠠᠰᠠᠢ ᠲᠡᠷᠡ ᠬᠣᠶᠠᠷ ᠮᠠᠭᠤ ᠠᠯᠮᠠᠰ! ᠭᠡᠳ ᠵᠠᠮᠪᠠ ᠲᠠᠰᠢᠭᠤᠷ ᠢ᠋ᠶ᠋ᠠᠷ ᠬᠣᠨᠢᠨ ᠤ᠋ ᠵᠦᠭ ᠵᠢᠭᠠᠵᠤ ᠶᠠᠭᠤ ᠴᠤ᠌ ᠭᠡᠰᠡᠨ ᠪᠢ ᠡᠨᠡ ᠬᠡᠳᠦᠨ ᠬᠣᠨᠢ ᠶ᠋ᠢ ᠴᠤᠤ ᠴᠢᠮᠠᠢ ᠭᠡᠵᠦ ᠲᠠᠰᠤᠳᠠᠵᠤ ᠬᠥᠭᠡᠭᠡᠵᠦ ᠢᠷᠡᠭᠰᠡᠨ ᠳᠡ ᠭᠡᠵᠦ ᠬᠡᠯᠡᠭᠡᠳ ᠮᠣᠷᠢᠨ ᠠ᠋ᠴᠠ ᠪᠠᠭᠤᠵᠤ᠂ ᠵᠠᠩᠲᠠᠢ ᠶ᠋ᠢᠨ ᠬᠠᠷᠭᠢᠰ ᠬᠣᠣᠷ ᠲᠠᠢ ᠶ᠋ᠢ ᠰᠠᠨᠠᠬᠤ ᠳ᠋ᠠᠭᠠᠨ ᠪᠡᠶ᠎ᠡ ᠴᠡᠴᠡᠷᠡᠲᠡᠯ᠎ᠡ ᠳᠠᠬᠢᠨ ᠠᠭᠤᠷ ᠨᠢ ᠬᠦᠷᠴᠦ ᠬᠡᠦᠬᠡᠳ ᠰᠢᠭ ᠠᠭᠠᠰᠢᠯᠠᠪᠠᠯ᠂ ᠴᠡᠷᠡᠨ᠂ ᠡᠪᠦᠭᠡᠨ ᠢ᠋ ᠲᠠᠢᠳᠬᠤᠷᠠᠭᠤᠯᠵᠤ ᠮᠣᠷᠢ ᠶ᠋ᠢ ᠨᠢ ᠲᠣᠰᠣᠨ ᠠᠪᠤᠭᠠᠳ᠂ ᠬᠠᠳᠠᠮ ᠡᠴᠢᠭᠡ ᠶ᠋ᠢ ᠭᠡᠷ ᠲᠡᠭᠡᠨ ᠣᠷᠣᠭᠤᠯᠪᠠ᠃  
       — ᠰᠢᠷᠴᠢᠨ ᠦᠨᠡᠭᠡ ᠠᠩᠨᠠᠬᠤ ᠭᠡᠳ ᠶᠠᠪᠤᠭᠰᠠᠨ᠃ ᠣᠷᠣᠢ ᠳᠠᠰᠢ ᠢᠷᠡᠬᠦ ᠪᠣᠯᠪᠠᠤ᠃ ᠮᠠᠨᠠᠢ ᠡᠪᠦᠯᠵᠢᠶ᠎ᠡ ᠳᠤᠯᠠᠭᠠᠨ᠂ ᠮᠠᠯ ᠤ᠋ᠨ ᠬᠦᠴᠦ ᠲᠠᠷᠭᠤ ᠰᠠᠢᠨ ᠭᠡᠵᠦ ᠭᠠᠯ ᠠᠰᠠᠭᠠᠵᠤ᠂ ᠲᠤᠯᠭᠠᠨ ᠳᠡᠭᠡᠷ᠎ᠡ ᠲᠣᠭᠣᠭ᠎ᠠ ᠲᠠᠯᠪᠢᠬᠤ ᠵᠠᠭᠤᠷ᠎ᠠ ᠡᠪᠦᠭᠡᠨ ᠦ᠌ ᠠᠰᠠᠭᠤᠭᠰᠠᠨ ᠦᠭᠡᠨ ᠳ᠋ᠦ᠍ ᠴᠡᠷᠡᠨ ᠬᠠᠷᠢᠭᠤ ᠬᠡᠯᠡᠵᠦ ᠴᠠᠢ ᠴᠢᠨᠠᠪᠠ᠃  
       ᠠᠶᠠᠲᠠᠢᠬᠠᠨ ᠪᠠᠷᠢᠵᠤ ᠳᠤᠯᠠᠭᠠᠯᠠᠭᠰᠠᠨ ᠪᠢᠴᠢᠬᠠᠨ ᠳᠥᠷᠪᠡᠨ ᠬᠠᠨ᠎ᠠ ᠲᠠᠢ ᠭᠡᠷ ᠲᠦ᠍ ᠨᠢᠮᠪᠠᠢ ᠰᠠᠢᠨ ᠰᠢᠷᠡᠭᠰᠡᠨ ᠰᠢᠷᠳᠡᠭ᠂ ᠵᠡᠭᠡᠷ᠎ᠡ ᠶ᠋ᠢᠨ ᠠᠷᠠᠰᠤ ᠳᠡᠪᠢᠰᠦᠭᠡᠳ ᠬᠣᠢᠮᠣᠷ ᠲᠤ᠌ ᠰᠡᠢᠯᠪᠦᠷᠢᠲᠡᠢ ᠪᠢᠴᠢᠬᠠᠨ ᠰᠢᠷᠡᠭᠡ ᠲᠠᠯᠪᠢᠵᠤ᠂ ᠵᠤᠤᠬ᠎ᠠ ᠶ᠋ᠢᠨ ᠬᠠᠵᠠᠭᠤ ᠳ᠋ᠤ᠌ ᠭᠢᠯᠠᠯᠵᠠᠭᠰᠠᠨ ᠵᠡᠰ ᠳᠣᠩᠪᠣ᠂ ᠡᠭᠦᠳᠡᠨ ᠦ᠌ ᠵᠡᠭᠦᠨ ᠲᠡᠢ ᠠᠶᠠᠭ᠎ᠠ ᠰᠢᠨᠠᠭ᠎ᠠ ᠬᠢᠬᠦ ᠪᠢᠴᠢᠬᠠᠨ ᠡᠷᠭᠢᠨᠡᠭ ᠲᠠᠯᠪᠢᠭᠰᠠᠨ ᠪᠠᠢᠳᠠᠯ ᠢ᠋ ᠦᠵᠡᠪᠡᠯ ᠶᠡᠬᠡᠯ᠎ᠡ ᠨᠢᠮᠪᠠᠢ ᠲᠣᠬᠢᠲᠠᠢ᠂ ᠶᠠᠭᠤᠮ᠎ᠠ ᠪᠦᠷᠢ ᠶ᠋ᠢᠨ ᠬᠣᠢᠨ᠎ᠠ ᠠ᠋ᠴᠠ ᠬᠢᠴᠢᠶᠡᠳᠡᠭ ᠡᠮ᠎ᠡ ᠬᠥᠮᠦᠨ ᠦ᠌ ᠭᠠᠷ ᠬᠤᠷᠤᠭᠤ ᠵᠦᠢᠯ ᠪᠦᠬᠦᠨ ᠳ᠋ᠦ᠍ ᠣᠷᠣᠯᠴᠠᠵᠤ ᠪᠠᠢᠭ᠎ᠠ ᠨᠢ ᠮᠡᠳᠡᠭᠳᠡᠮ᠎ᠡ ᠠᠵᠤᠭᠤ᠃  
       ᠭᠡᠷ ᠲᠦ᠍ ᠲᠣᠬᠢᠲᠠᠢ ᠳᠤᠯᠠᠭᠠᠨ ᠪᠠᠢᠭ᠎ᠠ ᠶ᠋ᠢ ᠦᠵᠡᠭᠡᠳ ᠵᠠᠮᠪᠠ ᠡᠪᠦᠭᠡᠨ ᠦ᠌ ᠳᠣᠲᠣᠷ᠎ᠠ ᠣᠩᠭᠣᠢᠵᠤ᠂ ᠵᠠᠩᠲᠠᠢ ᠲᠠᠢ ᠬᠡᠷᠡᠯᠳᠦᠵᠦ ᠢᠷᠡᠭᠰᠡᠨ ᠠᠭᠤᠷ ᠨᠢ ᠨᠠᠮᠲᠠᠨ ᠲᠠᠢᠳᠬᠤᠷᠠᠵᠤ ᠢᠷᠡᠪᠡ᠃ ᠴᠡᠷᠡᠨ ᠭᠱᠠᠨ ᠵᠠᠭᠤᠷ᠎ᠠ ᠰᠠᠢᠬᠠᠨ ᠴᠠᠢ ᠴᠢᠨᠠᠭᠠᠳ ᠡᠪᠦᠭᠡᠨ ᠢ᠋ ᠬᠠᠯᠠᠭᠤᠨ ᠴᠠᠢ ᠤᠤᠭᠤᠵᠤ ᠳᠤᠯᠠᠭᠠᠴᠠᠨ ᠵᠢᠷᠭᠠᠵᠤ ᠪᠠᠢᠬᠤ ᠲᠡᠷᠡᠬᠡᠨ ᠵᠠᠪᠰᠠᠷ ᠠᠩ ᠤ᠋ᠨ ᠮᠢᠬ᠎ᠠ ᠭᠥᠰᠢᠭᠯᠡᠵᠦ᠂ ᠬᠤᠷᠤᠳ᠂ ᠭᠣᠨᠢᠳ᠂ ᠵᠡᠷᠯᠢᠭ ᠰᠣᠩᠭᠢᠨ᠎ᠠ ᠪᠠᠷ ᠠᠮᠲᠠ ᠣᠷᠣᠭᠤᠯᠤᠭᠰᠠᠨ ᠵᠢᠭᠲᠡᠢ ᠰᠠᠢᠬᠠᠨ ᠱᠥᠯᠥ ᠴᠢᠨᠠᠵᠤ᠂ ᠠᠪᠳᠠᠷ᠎ᠠ ᠪᠠᠨ ᠠᠭᠤᠳᠠᠯᠤᠭᠠᠳ ᠪᠢᠴᠢᠬᠠᠨ ᠴᠦᠷᠳᠡᠭᠡᠷ ᠯᠣᠩᠬᠣ ᠲᠠᠢ ᠠᠷᠢᠬᠢ ᠭᠠᠷᠭᠠᠵᠤ ᠱᠠᠵᠠᠩ ᠳ᠋ᠤ᠌ ᠠᠶᠠᠭᠠᠯᠠᠨ ᠬᠠᠳᠠᠮ ᠡᠴᠢᠭᠡ ᠳ᠋ᠡᠭᠡᠨ ᠪᠠᠷᠢᠪᠠᠰᠤ᠂ ᠡᠪᠦᠭᠡᠨ ᠪᠦᠷ ᠴᠦ᠍ ᠤᠶᠠᠷᠠᠵᠤ ᠪᠠᠷᠢᠭᠠᠳ ᠭᠠᠷ ᠤ᠋ᠨ ᠨᠡᠷ᠎ᠡ ᠦᠭᠡᠢ ᠬᠤᠷᠤᠭᠤ ᠪᠠᠷ ᠭᠠᠯ ᠤ᠋ᠨ ᠵᠦᠭ ᠳᠤᠰᠤᠭᠠᠵᠤ᠂ ᠪᠡᠷᠢ ᠶ᠋ᠢ ᠢᠷᠥᠭᠡᠨ ᠥᠭᠦᠯᠡᠷᠦᠨ᠂
         《 ᠵᠧ᠂ ᠪᠤᠮ ᠪᠤᠶᠠᠨ ᠪᠦᠷᠢᠳᠦᠭᠰᠡᠨ  
         《 ᠪᠤᠶᠠᠨ ᠲᠠᠢ ᠵᠢᠯ ᠦ᠋ᠨ ᠢᠳᠡᠭᠡ᠂  
         《 ᠪᠣᠳᠣᠭ ᠲᠠᠢ ᠨᠣᠭᠣᠭ᠎ᠠ ᠶ᠋ᠢᠨ ᠰᠢᠮ᠎ᠡ   
         《 ᠠᠢᠷᠠᠭ ᠡᠬᠡ ᠲᠡᠢ᠂ 
         《 ᠠᠷᠢᠬᠢ ᠨᠡᠷ᠎ᠡ ᠲᠡᠢ᠂ 
         《 ᠰᠠᠷᠬᠤᠳ ᠢ᠋ᠶ᠋ᠠᠨ ᠥᠭᠴᠦ ᠪᠠᠢᠭ᠎ᠠ ᠤᠴᠢᠷ 
         《 ᠪᠡᠯᠡᠭᠳᠡᠵᠦ ᠪᠠᠢᠭ᠎ᠠ ᠪᠡᠯᠡᠭ ᠪᠠᠢᠨ᠎ᠠ᠃ 
         《 ᠬᠡᠦᠬᠡᠨ ᠮᠢᠨᠢ ᠭᠡᠷ ᠳᠠᠶᠠᠭᠠᠷ ᠢ᠋ᠶ᠋ᠠᠨ 
         《 ᠠᠮᠤᠭᠤᠯᠠᠩ ᠵᠢᠷᠭᠠᠯᠠᠩ ᠲᠠᠢ 
         《 ᠥᠨᠳᠥᠷ ᠭᠠᠵᠠᠷ ᠭᠡᠷ ᠢ᠋ᠶ᠋ᠡᠨ ᠪᠠᠷᠢᠵᠤ 
         《 ᠥᠷᠭᠡᠨ ᠰᠢᠷᠠᠭ ᠳᠡᠭᠡᠷ᠎ᠡ ᠵᠡᠯ᠎ᠡ ᠪᠡᠨ ᠲᠠᠲᠠᠵᠤ 
         《 ᠬᠠᠷᠪᠤᠵᠤ ᠭᠦᠢᠴᠡᠬᠦ ᠦᠭᠡᠢ ᠵᠡᠯ᠎ᠡ ᠲᠡᠢ 
         《 ᠬᠠᠲᠠᠷᠢᠵᠤ ᠭᠦᠢᠴᠡᠬᠦ ᠦᠭᠡᠢ ᠪᠡᠯᠴᠢᠭᠡᠷ ᠲᠡᠢ 
         《 ᠵᠡᠯᠡᠯᠡᠭᠰᠡᠨ ᠤᠨᠠᠭ᠎ᠠ ᠴᠢᠨᠢ 
         《 ᠵᠡᠭᠡᠷ᠎ᠡ ᠶ᠋ᠢᠨ ᠢᠨᠵᠠᠭ᠎ᠠ ᠮᠡᠲᠦ 
         《 ᠨᠣᠭᠲᠣᠯᠠᠭᠰᠠᠨ ᠤᠨᠠᠭ᠎ᠠ ᠴᠢᠨᠢ 
         《 ᠨᠤᠭᠲᠤᠷᠤ ᠰᠢᠪᠠᠭᠤᠨ ᠤ᠋ ᠵᠤᠯᠵᠠᠭ᠎ᠠ ᠮᠡᠲᠦ 
         《 ᠳᠠᠭᠠᠷᠢᠵᠤ ᠢᠷᠡᠬᠦ ᠳ᠋ᠦ᠍ ᠳᠠᠯᠠᠢ ᠮᠡᠲᠦ᠂ 
         《 ᠪᠤᠴᠠᠵᠤ ᠢᠷᠡᠬᠦ ᠳ᠋ᠦ᠍ ᠪᠤᠯᠠᠭ ᠰᠢᠭ᠋ ᠣᠷᠭᠢᠯᠵᠤ   
         《 ᠳᠦᠭᠦᠷᠡᠩ ᠬᠤᠨᠳᠠᠭ᠎ᠠ ᠲᠠᠢ 
         《 ᠲᠦᠪᠰᠢᠨ ᠵᠢᠷᠭᠠᠯ ᠲᠠᠢ 
         《 ᠬᠡᠵᠢᠶᠡᠳᠡ ᠰᠠᠨᠠᠭ᠎ᠠ ᠪᠠᠷ ᠠᠮᠤᠷ 
         《 ᠵᠠᠶᠠᠭ᠎ᠠ ᠪᠠᠷ ᠲᠡᠭᠰᠢ 
         《 ᠶᠠᠭᠤ ᠰᠠᠨᠠᠭᠰᠠᠨ ᠶᠢᠰᠦᠨ ᠬᠦᠰᠡᠯ ᠴᠢᠨᠢ 
         《 ᠨᠣᠮ ᠤ᠋ᠨ ᠶᠣᠰᠣᠭᠠᠷ ᠭᠦᠢᠴᠡᠯᠳᠦᠵᠦ ᠪᠠᠢᠲᠤᠭᠠᠢ》 ᠭᠡᠵᠦ ᠢᠷᠥᠭᠡᠬᠦ ᠳ᠋ᠦ᠍ᠨᠢ ᠴᠡᠷᠡᠨ᠂ ᠲᠠᠨ ᠤ᠋ ᠰᠠᠢᠬᠠᠨ ᠢᠷᠦᠭᠡᠯ ᠪᠠᠲᠤ ᠣᠷᠣᠰᠢᠬᠤ ᠪᠣᠯᠲᠤᠭᠠᠢ ᠭᠡᠵᠦ ᠥᠴᠢᠪᠡ᠃  
                  *               *              *   
     ᠵᠠᠩᠲᠠᠢ ᠠ᠋ᠴᠠ ᠬᠡᠳᠦᠨ ᠬᠣᠨᠢ ᠴᠤᠤ ᠴᠢᠮᠠᠢ ᠲᠡᠭᠡᠵᠦ ᠲᠠᠰᠤᠳᠠᠵᠤ ᠡᠷᠭᠦᠮᠡᠯ ᠬᠦᠦ ᠶ᠋ᠢᠨ ᠳ᠋ᠡᠭᠡᠨ ᠡᠷᠭᠦᠭᠦᠯᠬᠦ ᠭᠡᠵᠦ ᠢᠷᠡᠭᠰᠡᠨ ᠵᠠᠮᠪᠠ᠂ ᠪᠠᠶᠠᠨ ᠠᠬ᠎ᠠ ᠯᠣᠳᠣᠢ ᠪᠠᠢᠰᠠ ᠶ᠋ᠢᠨ ᠳ᠋ᠡᠭᠡᠨ( ᠳ᠋ᠦ᠍ ᠪᠡᠨ) ᠨᠡᠭᠦᠵᠦ ᠣᠴᠢᠭᠰᠠᠨ ᠵᠠᠩᠲᠠᠢ ᠳ᠋ᠤ᠌ ᠳᠠᠬᠢᠵᠤ ᠣᠴᠢᠭᠰᠠᠨ ᠴᠤ᠌ ᠦᠭᠡᠢ᠂ ᠦᠯᠡᠳᠡᠭᠰᠡᠨ ᠡᠳ᠋ ᠲᠠᠸᠠᠷ᠂ ᠠᠳᠤᠭᠤ ᠮᠠᠯ ᠢ᠋ᠶ᠋ᠠᠨ ᠨᠡᠬᠡᠭᠰᠡᠨ ᠴᠦ᠍ ᠦᠭᠡᠢ᠂ ᠵᠣᠷᠭᠣᠨ ᠳ᠋ᠤᠨᠢ ᠣᠷᠬᠢᠵᠠᠢ᠃  ᠭᠠᠭᠴᠠᠬᠦ (ᠭᠠᠭᠴᠠ ᠬᠦ᠌) ᠬᠠᠷ᠎ᠠ ᠠᠮᠠ ᠬᠠᠯᠠᠪᠠᠯ ᠦᠶ᠎ᠡ ᠶ᠋ᠢᠨ ᠪᠤᠭᠤᠷᠤᠯ ᠡᠪᠦᠭᠡᠳ ᠲᠦ᠍ ᠭᠣᠮᠣᠳᠠᠯ ᠢ᠋ᠶ᠋ᠠᠨ ᠲᠣᠭᠠᠴᠢᠵᠤ᠂  
       — ᠠᠷᠪᠠᠨ ᠬᠤᠷᠤᠭᠤ ᠪᠠᠷ ᠣᠯᠤᠭᠰᠠᠨ ᠠᠷᠢᠭᠤᠨ ᠴᠠᠭᠠᠨ ᠪᠤᠶᠠᠨ ᠢ᠋ᠶ᠋ᠠᠨ ᠲᠡᠷᠡ ᠬᠣᠪᠳᠣᠭ ᠬᠠᠷ᠎ᠠ ᠠᠯᠮᠤᠰ(ᠠᠯᠮᠠᠰ) ᠲᠤ᠌ ᠢᠳᠡᠭᠦᠯᠦᠭᠰᠡᠨ ᠢ᠋ ᠮᠢᠨᠢ ᠦᠵᠡᠪᠡᠯ᠂ ᠤᠷᠢᠳᠤ ᠨᠠᠰᠤᠨ ᠳ᠋ᠠᠭᠠᠨ(ᠳ᠋ᠤ᠌ ᠪᠠᠨ) ᠪᠢ ᠲᠡᠷᠡ ᠠᠮᠢᠲᠠᠨ ᠳ᠋ᠤ᠌ ᠥᠷᠢ ᠲᠡᠢ ᠪᠠᠢᠭᠰᠠᠨ ᠶᠤᠮ ᠪᠠᠢᠯ ᠦᠭᠡᠢ ᠳᠡ᠃ ᠪᠢ ᠬᠦᠦ ᠶ᠋ᠢᠨ ᠳ᠋ᠡᠭᠡᠨ (ᠳ᠋ᠦ᠍ ᠪᠡᠨ) ᠬᠦᠷᠴᠦ ᠢᠷᠡᠬᠦ ᠳ᠋ᠡᠭᠡᠨ (ᠳ᠋ᠦ᠍ ᠪᠡᠨ) ᠲᠡᠷᠡ ᠡᠳᠦᠷ ᠪᠡᠶ᠎ᠡ ᠳ᠋ᠡᠭᠡᠨ(ᠳ᠋ᠦ᠍ ᠪᠡᠨ) ᠡᠮᠦᠰᠦᠭᠰᠡᠨ ᠳᠡᠪᠡᠯ ᠮᠠᠯᠠᠭᠠᠢ ᠲᠠᠢ ᠪᠠᠨ᠂ ᠬᠣᠨᠢᠨ ᠤ᠋ ᠮᠣᠷᠢ ᠤᠨᠤᠵᠤ ᠬᠡᠭᠡᠷ᠎ᠡ ᠪᠡᠯᠴᠢᠵᠦ ᠪᠠᠢᠭᠰᠠᠨ ᠬᠣᠨᠢᠨ ᠠ᠋ᠴᠠ ᠲᠡᠷᠡ ᠬᠣᠶᠠᠷ ᠡᠮ᠎ᠡ ᠲᠡᠢ ᠪᠤᠯᠢᠶᠠᠴᠠᠯᠳᠤᠨ ᠲᠠᠰᠤᠯᠵᠤ ᠴᠢᠳᠠᠭᠰᠠᠨ ᠬᠡᠳᠦᠨ ᠬᠣᠨᠢ ᠲᠠᠢ ᠯᠠ ᠬᠦᠷᠴᠦ ᠢᠷᠡᠭᠰᠡᠨ ᠪᠢᠯᠡ᠃ ᠵᠠ ᠶᠠᠭᠠᠬᠢᠬᠤ ᠪᠣᠢ᠃ ᠡᠨᠡ ᠨᠠᠰᠤᠨ ᠳ᠋ᠠᠭᠠᠨ(ᠳ᠋ᠤ᠌ ᠪᠠᠨ) ᠴᠠᠳᠬᠤ ᠳᠦᠭᠦᠷᠬᠦ ᠪᠡᠨ ᠮᠡᠳᠡᠳᠡᠭ ᠦᠭᠡᠢ᠂ ᠢᠷᠣᠭᠠᠷ ᠦᠭᠡᠢ ᠨᠢᠳᠦ ᠲᠡᠢ ᠲᠡᠷᠡ ᠵᠠᠩᠲᠠᠢ ᠮᠢᠨᠦ ᠠᠷᠢᠭᠤᠨ ᠴᠠᠭᠠᠨ ᠪᠤᠶᠠᠨ ᠢ᠋ ᠬᠣᠶᠠᠷ ᠨᠢᠳᠦᠨ ᠳ᠋ᠡᠭᠡᠨ(ᠳ᠋ᠦ᠍ ᠪᠡᠨ) ᠴᠢᠬᠢᠪᠡᠯ ᠴᠢᠬᠢᠵᠦ ᠯᠡ ᠪᠠᠢᠭ᠃ ᠯᠣᠳᠣᠢ ᠪᠠᠶᠠᠨ ᠬᠣᠪᠳᠣᠭ ᠠᠬ᠎ᠠ ᠲᠠᠢ ᠪᠠᠨ ᠬᠣᠶᠠᠭᠤᠯᠠ ᠪᠠᠨ ᠲᠠᠪᠤᠨ ᠵᠠᠭᠤᠨ ᠲᠥᠷᠥᠯ ᠳ᠋ᠡᠭᠡᠨ(ᠳ᠋ᠦ᠍ ᠪᠡᠨ)ᠡᠷᠡᠭᠴᠢᠨ ᠡᠮᠡᠭᠴᠢᠨ ᠪᠢᠷᠡᠳ(ᠪᠢᠷᠢᠳ) ᠪᠣᠯᠵᠤ ᠲᠥᠷᠥᠬᠦ ᠪᠣᠯᠲᠤᠭᠠᠢ ᠭᠡᠳᠡᠭ ᠪᠠᠢᠵᠠᠢ᠃ 
       ᠲᠥᠷᠥᠭᠰᠡᠨ ᠡᠴᠢᠭᠡ ᠡᠴᠡ ᠥᠭᠡᠷ᠎ᠡ ᠴᠦ᠍ ᠦᠭᠡᠢ ᠦᠵᠡᠵᠦ ᠡᠷᠭᠦᠭᠰᠡᠨ ᠴᠡᠷᠡᠨ ᠳ᠋ᠦ᠍ ᠦᠢᠯᠡᠴᠢᠯᠡᠭᠦᠯᠵᠦ᠂ ᠵᠠᠮᠪᠠ ᠡᠷᠭᠦᠮᠡᠯ ᠬᠦᠦ ᠶ᠋ᠢᠨ ᠳ᠋ᠡᠭᠡᠨ(ᠳ᠋ᠦ᠍ ᠪᠡᠨ) ᠬᠣᠶᠠᠷ ᠵᠢᠯ ᠲᠤᠩ ᠴᠤ᠌ ᠰᠠᠨᠠᠭ᠎ᠠ ᠠᠮᠤᠷ ᠰᠠᠪᠠ ᠳᠦᠭᠦᠷᠡᠩ ᠰᠠᠭᠤᠪᠠ᠃ ᠡᠵᠡᠭᠦᠢ ᠲᠠᠯ᠎ᠠ ᠶ᠋ᠢᠨ ᠠᠭᠤᠳᠠᠮ ᠳ᠋ᠤ᠌ ᠡᠨᠳᠡ ᠲᠡᠨᠳᠡ ᠳᠠᠷᠬᠠᠨ ᠨᠡᠭᠦᠳᠡᠭ ᠨᠤᠲᠤᠭ ᠤ᠋ᠨ ᠮᠠᠯᠴᠢᠨ ᠭᠠᠳᠠᠭᠰᠢ ᠲᠡᠳᠦᠢ ᠯᠡ ᠣᠯᠠᠨ ᠬᠥᠮᠦᠨ ᠲᠡᠢ ᠬᠠᠷᠢᠯᠴᠠᠵᠤ ᠶᠠᠪᠤᠯᠴᠠᠬᠤ ᠦᠭᠡᠢ ᠲᠥᠷᠥᠯ ᠳᠣᠲᠣᠷ᠎ᠠ ᠪᠠᠨ ᠣᠷᠣᠰᠢᠵᠤ᠂ ᠮᠠᠯ ᠰᠦᠷᠦᠭ ᠮᠡᠨᠳᠦ ᠪᠠᠢᠨᠠᠤ(ᠪᠠᠢᠨ᠎ᠠ ᠤᠤ) ᠭᠡᠵᠦ ᠤᠷᠢᠳᠠ ᠪᠠᠷ(ᠤᠷᠢᠳᠠᠪᠡᠷ) ᠮᠠᠯ ᠢ᠋ᠶ᠋ᠠᠨ ᠠᠰᠠᠭᠤᠭᠠᠳ ᠴᠢᠨᠣ᠎ᠠ ᠬᠤᠯᠠᠭᠠᠢ ᠲᠠᠢᠪᠤᠩ ᠤᠤ ᠭᠡᠵᠦ ᠯᠡ ᠲᠤᠯᠭ᠎ᠠ ᠲᠣᠭᠣᠷᠢᠭᠰᠠᠨ ᠬᠡᠳᠦᠬᠡᠨ ᠶᠠᠭᠤᠮ᠎ᠠ ᠶ᠋ᠢ ᠲᠡᠷᠡ ᠦᠶ᠎ᠡ ᠳ᠋ᠦ᠍ ᠶᠠᠭᠤᠨ ᠤ᠋ ᠡᠮᠦᠨ᠎ᠡ ᠶᠠᠷᠢᠵᠤ ᠳᠠᠳᠤᠭᠰᠠᠨ ᠲᠤᠯᠠ ᠲᠡᠷᠡ ᠢᠪᠴᠤᠬᠠᠨ ᠠᠮᠢᠳᠤᠷᠠᠯ ᠤ᠋ᠨ ᠡᠭᠦᠳᠡᠨ ᠡᠴᠡ ᠪᠣᠳᠣᠪᠠᠯ᠂ ᠵᠠᠮᠪᠠ ᠡᠷᠭᠦᠮᠡᠯ ᠬᠦᠦ ᠶ᠋ᠢᠨ  ᠳ᠋ᠡᠭᠡᠨ(ᠳ᠋ᠦ᠍ ᠪᠡᠨ) ᠰᠠᠨᠠᠭ᠎ᠠ ᠰᠡᠳᠬᠢᠯ ᠠᠮᠤᠷ᠂ ᠬᠦᠰᠡᠯ ᠦ᠋ᠨ ᠰᠠᠪᠠ ᠳᠦᠭᠦᠷᠡᠩ ᠴᠣᠬᠣᠮ ᠳ᠋ᠧᠸᠡᠵᠢᠩ ᠦ᠋ᠨ(ᠳ᠋ᠧᠪᠠᠵᠠᠨ ᠤ᠋) ᠣᠷᠣᠨ ᠳ᠋ᠤ᠌ ᠰᠠᠭᠤᠵᠤ ᠪᠠᠢᠭ᠎ᠠ ᠶᠤᠮ ᠰᠢᠭ᠋ ᠵᠢᠷᠭᠠᠯ ᠢ᠋ᠶ᠋ᠠᠨ ᠡᠳ᠋ᠯᠡᠵᠦ ᠪᠠᠢᠨ᠎ᠠ ᠳᠠ ᠭᠡᠵᠦ ᠪᠣᠳᠣᠳᠠᠭ ᠪᠠᠢᠵᠠᠢ᠃ ᠲᠡᠭᠡᠵᠦ ᠡᠩᠬᠡ ᠲᠦᠪᠰᠢᠨ ᠢ᠋ᠶ᠋ᠡᠷ ᠠᠮᠢᠳᠤᠷᠠᠵᠤ ᠪᠠᠢᠲᠠᠯ᠎ᠠ᠂ ᠡᠪᠦᠭᠡᠨ ᠨᠢᠭᠡᠨ ᠡᠳᠦᠷ ᠪᠡᠶ᠎ᠡ ᠲᠠᠪᠠ ᠦᠭᠡᠢ ᠪᠣᠯᠵᠤ ᠵᠢᠷᠦᠬᠡ ᠪᠠᠬᠠᠨ ᠰᠢᠮᠰᠢᠷᠡᠨ ᠡᠪᠡᠳᠬᠦ ᠮᠡᠲᠦ ᠪᠣᠯᠪᠠ᠃ ᠣᠳᠣ ᠨᠠᠰᠤᠨ ᠤ᠋ ᠲᠣᠭ᠎ᠠ ᠰᠢᠪᠲᠤᠷᠬᠤ ᠴᠠᠭ ᠣᠢᠷᠠᠲᠤᠪᠠ ᠭᠡᠵᠦ ᠮᠡᠳᠡᠭᠡᠳ᠂ ᠡᠪᠦᠭᠡᠨ ᠨᠢᠭᠡᠨ ᠡᠳᠦᠷ ᠰᠢᠷᠴᠢᠨ ᠳ᠋ᠦ᠍ ᠭᠡᠷᠢᠶᠡᠰᠦ ᠦᠭᠡ ᠪᠡᠨ ᠤᠬᠠᠭᠠᠨ ᠰᠠᠷᠠᠭᠤᠯ ᠪᠠᠢᠭ᠎ᠠ ᠳᠡᠭᠡᠷ᠎ᠡ ᠪᠡᠨ ᠵᠠᠬᠢᠶ᠎ᠠ ᠭᠡᠵᠦ ᠥᠭᠦᠯᠡᠷᠦᠨ᠂ 
       — ᠮᠢᠨᠦ ᠬᠠᠨᠠᠲᠤ ᠭᠡᠷ ᠬᠣᠯᠠᠳᠠᠵᠤ(ᠬᠣᠯᠠᠳᠴᠤ) ᠬᠠᠳᠠᠨ ᠭᠡᠷ ᠣᠢᠷᠠᠲᠤᠵᠤ ᠪᠠᠢᠭ᠎ᠠ ᠶᠤᠮ ᠰᠢᠭ᠋ ᠪᠠᠢᠨ᠎ᠠ᠃ ᠠᠮᠢᠳᠤ ᠪᠠᠢᠭ᠎ᠠ ᠳᠡᠭᠡᠷ᠎ᠡ ᠪᠡᠨ ᠭᠡᠷᠢᠶᠡᠰᠦ ᠦᠭᠡ ᠪᠡᠨ ᠵᠠᠬᠢᠶ᠎ᠠ᠃ ᠴᠡᠷᠡᠨ ᠲᠠ ᠬᠣᠶᠠᠷ ᠡᠪᠦᠭᠡᠨ ᠨᠠᠮᠠᠶ᠋ᠢ ᠲᠥᠷᠥᠭᠰᠡᠨ ᠡᠴᠢᠭᠡ ᠡᠴᠡ ᠪᠡᠨ ᠢᠯᠭᠠᠯ ᠦᠭᠡᠢ ᠰᠠᠢᠬᠠᠨ ᠡᠷᠭᠦᠯ᠎ᠡ᠃ ᠣᠳᠣ ᠡᠨᠡ ᠬᠡᠳᠦᠨ ᠵᠢᠯ ᠦ᠋ᠨ ᠳᠣᠲᠣᠷ᠎ᠠ ᠮᠢᠨᠦ ᠠᠪᠴᠢᠷᠠᠭᠰᠠᠨ ᠬᠡᠳᠦᠨ ᠬᠣᠨᠢᠨ ᠠ᠋ᠴᠠ ᠴᠡᠷᠡᠨ ᠦ᠌ ᠥᠰᠬᠡᠵᠦ ᠦᠷᠡᠵᠢᠭᠦᠯᠦᠭᠰᠡᠨ ᠪᠦᠬᠦ ᠲᠥᠯ ᠢ᠋ ᠲᠠ ᠬᠣᠶᠠᠷ ᠠᠪᠤᠭᠲᠠᠢ(ᠠᠪᠤᠭᠲᠤᠨ)᠃ ᠨᠠᠮᠠᠶ᠋ᠢ ᠦᠬᠦᠬᠦ ᠳ᠋ᠦ᠍ ᠮᠢᠨᠦ ᠲᠡᠷᠡ ᠠᠪᠴᠢᠷᠠᠭᠰᠠᠨ ᠪᠦᠬᠦ ᠬᠣᠨᠢ ᠶ᠋ᠢ ᠯᠠᠮᠠ ᠶ᠋ᠢᠨ ᠭᠡᠭᠡᠬᠡᠨ(ᠭᠡᠭᠡᠨ) ᠦ᠌ ᠬᠡᠢᠳ ᠲᠦ᠍ ᠡᠷᠭᠦᠵᠦ᠂ ᠪᠤᠶᠠᠨ ᠨᠣᠮ ᠬᠢᠭᠡᠷᠡᠢ᠃ ᠮᠢᠨᠦ ᠡᠨᠡ ᠵᠠᠬᠢᠶ᠎ᠠ ᠶ᠋ᠢ ᠵᠠᠪᠠᠯ ᠭᠦᠢᠴᠡᠳᠬᠡᠭᠡᠷᠡᠢ ᠮᠠᠲᠠᠪᠠᠤ(ᠮᠡᠳᠡᠪᠡ ᠤᠤ)? ᠭᠡᠬᠦ ᠳ᠋ᠦ᠍ᠨᠢ(ᠳ᠋ᠦ᠍ ᠨᠢ)᠂ 
       — ᠮᠡᠳᠡᠯ᠎ᠡ ᠭᠡᠵᠦ ᠰᠢᠷᠴᠢᠨ ᠴᠡᠷᠡᠨ ᠬᠣᠶᠠᠷ ᠥᠴᠢᠪᠡ᠃ ᠡᠪᠦᠭᠡᠨ ᠪᠡᠷᠢ ᠬᠦᠦ ᠬᠣᠶᠠᠷ ᠤ᠋ᠨ ᠥᠭᠡᠳᠡ ᠡᠴᠡ ᠰᠠᠨᠠᠭ᠎ᠠ ᠰᠡᠳᠬᠢᠯ ᠠᠮᠠᠷᠠᠭᠰᠠᠨ ᠪᠠᠢᠳᠠᠯ ᠲᠠᠢ ᠬᠠᠷᠠᠵᠤ ᠭᠠᠷ ᠤ᠋ᠨ ᠪᠠᠭᠤᠤ ᠳ᠋ᠤ᠌ ᠵᠡᠭᠦᠭᠰᠡᠨ ᠡᠷᠢᠭᠡ ᠪᠡᠨ ᠠᠪᠴᠤ ᠠᠮᠠᠨ ᠳᠣᠲᠣᠷ᠎ᠠ ᠪᠠᠨ ᠮᠠᠨᠢ ᠤᠩᠰᠢᠪᠠ᠃  
       ᠲᠡᠨᠳᠡᠴᠡ ᠨᠢᠭᠡᠨ ᠡᠳᠦᠷ ᠴᠢᠮᠡᠭᠡ ᠢᠮᠡᠭᠡ ᠦᠭᠡᠢ ᠨᠠᠰᠤ ᠪᠠᠷᠠᠵᠠᠢ᠃ ᠥᠷᠯᠥᠭᠡ ᠡᠷᠲᠡ ᠪᠣᠰᠳᠠᠭ ᠡᠪᠦᠭᠡᠨ ᠢ᠋ ᠴᠠᠢ ᠪᠣᠯᠲᠠᠯ᠎ᠠ ᠪᠣᠰᠬᠤ ᠦᠭᠡᠢ ᠬᠡᠪᠲᠡᠬᠦ  ᠳ᠋ᠦ᠍ᠨᠢ (ᠳ᠋ᠦ᠍ ᠨᠢ)ᠴᠡᠷᠡᠨ ᠭᠠᠢᠬᠠᠭᠠᠳ ᠠᠶᠠᠷᠬᠠᠨ ᠳᠠᠭᠤᠳᠠᠵᠤ ᠦᠵᠡᠪᠡᠰᠦ᠂ ᠣᠭᠲᠣ ᠬᠠᠷᠢᠭᠤ ᠦᠭᠡᠢ ᠲᠤᠯᠠ ᠳᠡᠷᠭᠡᠳᠡ ᠳ᠋ᠦ᠍ᠨᠢ (ᠳ᠋ᠦ᠍ ᠨᠢ)ᠣᠴᠢᠭᠠᠳ ᠬᠥᠰᠢᠵᠦ ᠣᠭᠲᠣ ᠬᠥᠳᠡᠯᠬᠦ ᠦᠭᠡᠢ ᠪᠠᠢᠳᠠᠯ ᠨᠢ ᠪᠠᠭᠠᠬᠠᠨ ᠰᠡᠵᠢᠭ ᠪᠦᠬᠦᠢ ᠦᠵᠡᠭᠳᠡᠭᠰᠡᠨ ᠡᠪᠦᠭᠡᠨ ᠬᠠᠳᠠᠮ ᠡᠴᠢᠭᠡ ᠶ᠋ᠢᠨ ᠪᠡᠶ᠎ᠡ ᠳ᠋ᠦ᠍ ᠬᠦᠷᠴᠦ ᠦᠵᠡᠭᠡᠳ ᠰᠣᠴᠢᠨ ᠭᠡᠯᠮᠡᠵᠦ᠂ 
       — ᠠᠪᠤ ᠪᠤᠷᠬᠠᠨ ᠪᠣᠯᠴᠢᠵᠠᠢ(ᠪᠣᠯᠴᠢᠬᠠᠵᠠᠢ) ᠭᠡᠵᠡᠢ᠃ 
       ᠰᠢᠷᠴᠢᠨ᠂ ᠡᠴᠢᠭᠡ ᠶ᠋ᠢᠨ ᠶᠠᠰᠤ ᠣᠷᠣᠰᠢᠭᠤᠯᠲᠠᠯ᠎ᠠ ᠲᠦᠷ ᠨᠢᠭᠡᠨ ᠣᠪᠣᠬᠠᠢ ᠪᠠᠷᠢᠵᠤ ᠣᠷᠣᠭᠠᠳ᠂ ᠬᠥᠳᠡᠭᠡᠯᠡᠭᠦᠯᠬᠦ ᠶᠣᠰᠣ ᠭᠦᠢᠴᠡᠳᠬᠡᠵᠦ ᠬᠠᠳᠠᠨ ᠬᠣᠰᠢᠭᠤᠨ᠎ᠠ ᠥᠯᠥᠭᠡᠢ ᠰᠠᠢᠬᠠᠨ ᠭᠠᠵᠠᠷ᠂ ᠡᠷᠲᠡᠨ ᠦ᠌ ᠭᠢᠷᠭᠡᠰ ᠦ᠋ᠨ ᠣᠢᠷᠠᠯᠴᠠᠭ᠎ᠠ ᠡᠪᠦᠭᠡᠨ ᠦ᠌ ᠶᠠᠰᠤ ᠶ᠋ᠢ ᠲᠠᠯᠪᠢᠭᠠᠳ᠂ ᠭᠡᠷᠢᠶᠡᠰᠦ(ᠭᠡᠷᠢᠶᠡᠰ) ᠵᠠᠬᠢᠶ᠎ᠠ ᠶ᠋ᠢ ᠳᠠᠭᠠᠵᠤ᠂ ᠪᠤᠶᠠᠨ ᠨᠣᠮ ᠬᠢᠯᠭᠡᠬᠦ᠂ ᠰᠠᠩ ᠵᠢᠰᠠ ᠳ᠋ᠤ᠌ ᠡᠴᠢᠭᠡ ᠶ᠋ᠢᠨ ᠬᠣᠨᠢ ᠶ᠋ᠢ ᠲᠤᠰᠢᠶᠠᠬᠤ ᠭᠡᠵᠦ ᠣᠴᠢᠵᠤ᠂ ᠳ᠋ᠠᠩ (ᠳᠠᠩ) ᠡᠮ᠎ᠡ ᠬᠣᠨᠢ ᠶ᠋ᠢ ᠦᠨ᠎ᠡ ᠪᠡᠷ ᠨᠢ ᠬᠤᠳᠠᠯᠳᠤᠨ ᠠᠪᠴᠤ ᠮᠠᠯ ᠬᠢᠬᠦ ᠭᠡᠵᠦ ᠪᠣᠳᠣᠯ᠎ᠠ᠃ ᠬᠡᠢᠳ ᠦ᠋ᠨ ᠭᠡᠭᠡᠬᠡᠨ(ᠭᠡᠭᠡᠨ) ᠰᠠᠩ ᠤ᠋ᠨ ᠨᠢᠷᠪᠠ ᠰᠤᠸᠠᠨᠫᠠᠨ ᠪᠠᠷᠢᠵᠤ᠂ ᠬᠣᠶᠠᠷ ᠨᠢᠭᠡ ᠨᠢᠰᠠᠯᠵᠤ ᠪᠣᠳᠣᠭᠠᠳ᠂ ᠡᠴᠢᠭᠡ ᠶ᠋ᠢᠨ ᠴᠢᠨᠢ ᠪᠤᠶᠠᠨ ᠨᠣᠮ ᠬᠢᠬᠦ ᠭᠡᠵᠦ ᠡᠷᠭᠦᠭᠰᠡᠨ ᠮᠠᠯ ᠢ᠋ ᠦᠨ᠎ᠡ ᠬᠠᠶᠠᠯᠴᠠᠨ ᠮᠠᠢᠮᠠᠢᠴᠢᠯᠳᠠᠪᠠᠰᠤ (ᠮᠠᠢᠮᠠᠢᠴᠠᠯᠳᠤᠪᠠᠰᠤ) ᠡᠴᠢᠭᠡ ᠬᠦᠦ ᠶ᠋ᠢᠨ ᠡᠯᠪᠡᠷᠢᠯ ᠵᠢᠷᠤᠮ ᠳ᠋ᠤ᠌ ᠨᠡᠢᠯᠡᠬᠦ ᠦᠭᠡᠢ᠂ ᠴᠢ ᠪᠤᠶᠠᠨ ᠰᠠᠨᠠᠬᠤ ᠶᠣᠰᠣᠲᠠᠢ ᠭᠡᠵᠦ ᠴᠠᠭ ᠤ᠋ᠨ ᠬᠠᠩᠰᠢ ᠠ᠋ᠴᠠ ᠪᠠᠬᠠᠨ ᠢᠯᠡᠭᠦᠦ ᠦᠨ᠎ᠡ ᠬᠡᠯᠡᠬᠦ  ᠳ᠋ᠦ᠍ᠨᠢ (ᠳ᠋ᠦ᠍ ᠨᠢ) ᠰᠢᠷᠴᠢᠨ ᠦ᠌ ᠠᠮᠠ ᠲᠠᠭᠯᠠᠷᠠᠵᠤ᠂ ᠠᠷᠭ᠎ᠠ ᠦᠭᠡᠢ ᠨᠢᠷᠪᠠ ᠶ᠋ᠢᠨ ᠠᠮᠠ ᠪᠠᠷ ᠬᠤᠳᠠᠯᠳᠤᠨ ᠠᠪᠤᠯ᠎ᠠ᠃ 
       ᠲᠡᠷᠡ ᠬᠡᠳᠦᠨ ᠡᠮ᠎ᠡ ᠬᠣᠨᠢ ᠬᠡᠳᠦᠢᠪᠡᠷ ᠡᠩ ᠦ᠋ᠨ ᠠᠢᠯ ᠠ᠋ᠴᠠ ᠬᠤᠳᠠᠯᠳᠤᠨ ᠠᠪᠤᠭᠰᠠᠨ ᠠ᠋ᠴᠠ ᠪᠠᠬᠠᠨ ᠦᠨ᠎ᠡ ᠲᠡᠢ ᠪᠣᠯᠤᠭᠰᠠᠨ ᠠᠪᠠᠴᠤ᠂ ᠨᠢᠭᠡ ᠳᠦ ᠪᠤᠶᠠᠨ ᠰᠠᠨᠠᠪᠠ᠂ ᠬᠣᠶᠠᠷ ᠲᠤ ᠪᠠᠰᠠ ᠴᠠᠷᠠᠨ ᠬᠡᠳᠦᠨ ᠵᠢᠯ ᠮᠠᠯᠯᠠᠵᠤ᠂ ᠶᠡᠷᠦ ᠨᠢᠭᠡ ᠨᠢᠭᠡᠨ ᠳᠦ ᠦᠭᠡᠢ ᠲᠠᠨᠢᠬᠤ ᠲᠤᠯᠠ ᠶᠠᠭᠠᠬᠢᠬᠤ ᠪᠤᠢ ᠭᠡᠵᠦ ᠪᠣᠳᠣᠵᠠᠢ᠃ ᠲᠡᠭᠡᠭᠡᠳ ᠰᠢᠷᠴᠢᠨ ᠴᠠᠷᠠᠨ ᠬᠣᠶᠠᠷ᠂ ᠲᠡᠷᠡ ᠲᠤᠬᠠᠢ ᠵᠠᠭᠤᠨ ᠲᠠᠪᠢᠭᠠᠳ ᠬᠣᠨᠢ ᠲᠠᠢ ᠪᠣᠯᠵᠤ᠂ ᠨᠢᠭᠡ ᠶᠡᠬᠡ ᠣᠯᠠᠨ ᠮᠠᠯ ᠲᠠᠢ ᠪᠢᠰᠢ ᠪᠣᠯᠪᠠᠴᠤ᠂ ᠠᠩᠬᠠᠨ ‍ᠤ ᠬᠣᠷᠢᠨ ᠬᠡᠳᠦᠨ ᠬᠣᠨᠢ ᠲᠠᠢ ᠶᠢ ᠪᠣᠳᠣᠪᠠᠯ᠂ ᠪᠠᠰᠠ ᠴᠤ᠌ ᠪᠠᠬᠠᠨ ᠮᠠᠯᠵᠢᠵᠤ᠂ ᠬᠥᠮᠦᠨ ‍ᠦ ᠭᠠᠷ ᠬᠠᠷᠠᠬᠤ ᠦᠭᠡᠢ᠂ ᠥᠪᠡᠷᠰᠡᠳ ᠢᠶᠡᠨ ᠠᠮᠢ ᠵᠢᠭᠤᠬᠤ ᠲᠠᠢ ᠪᠣᠯᠵᠠᠢ᠃ ᠡᠭᠦᠨ ᠳᠦ᠂ ᠠᠶ᠋ᠢᠯ ᠳᠤ ᠵᠠᠷᠤᠭᠳᠠᠬᠤ ᠶᠢᠨ ᠵᠣᠪᠠᠯᠠᠩ ᠢ ᠠᠮᠰᠠᠵᠤ ᠲᠤᠭᠤᠯᠤᠭᠰᠠᠨ ᠰᠢᠷᠴᠢᠨ ᠴᠠᠷᠠᠨ ᠬᠣᠶᠠᠷ᠂ ᠬᠥᠮᠦᠨ ‍ᠦ ᠭᠠᠷ ᠬᠠᠷᠠᠬᠤ ᠦᠭᠡᠢ ᠨᠢ ᠲᠤᠶ᠋ᠢᠯ ᠤᠨ ᠰᠠᠶ᠋ᠢᠬᠠᠨ ᠭᠡᠵᠦ ᠦᠵᠡᠳᠡᠭ ᠪᠠᠶ᠋ᠢᠵᠠᠢ᠃ ᠭᠡᠲᠡᠯ᠎ᠡ ᠪᠣᠷᠣ ᠭᠡᠷ ᠲᠦ ᠪᠡᠨ ᠪᠣᠭᠳᠠ᠂ ᠬᠠᠷ᠎ᠠ ᠭᠡᠷ ᠲᠡᠭᠡᠨ(ᠲᠤ ᠪᠡᠨ) ᠬᠠᠭᠠᠨ ᠪᠣᠯᠵᠤ ᠰᠠᠭᠤᠶ᠎ᠠ ᠭᠡᠪᠡᠯ᠂ ᠮᠠᠯ ᠤᠨ ᠬᠣᠶ᠋ᠢᠨ᠎ᠠ ᠠᠴᠠ ᠨᠣᠬᠠᠢ ᠰᠢᠭ᠋ ᠳᠠᠭᠠᠵᠤ ᠶᠠᠪᠤᠬᠤ ᠬᠡᠷᠡᠭ ᠲᠡᠢ ᠪᠠᠶ᠋ᠢᠵᠠᠢ᠃ ᠲᠡᠷᠡ ᠬᠡᠳᠦᠨ ᠮᠠᠯ ᠢᠶᠠᠨ ᠠᠷᠠᠴᠢᠯᠠᠨ ᠥᠰᠭᠡᠵᠦ ᠨᠤᠲᠤᠭ ᠪᠡᠯᠴᠢᠭᠡᠷ ᠰᠣᠩᠭᠣᠬᠤ᠂ ᠨᠢᠭᠡ ᠭᠠᠵᠠᠷ ᠤᠨ ᠡᠪᠡᠰᠦ ᠨᠣᠭᠣᠭ᠎ᠠ ᠮᠠᠭᠤᠳᠠᠬᠤ ᠳᠤ᠂ ᠤᠰᠤ ᠪᠡᠯᠴᠢᠭᠡᠷ ᠲᠡᠭᠰᠢ ᠵᠣᠬᠢᠰ ᠲᠠᠢ ᠭᠠᠵᠠᠷ ᠰᠣᠩᠭᠣᠵᠤ ᠨᠡᠭᠦᠬᠦ ᠳᠦ ᠨᠡᠯᠢᠶᠡᠳ ᠲᠠᠳᠤᠯ ᠲᠣᠷᠰᠢᠯ ᠬᠡᠷᠡᠭᠯᠡᠬᠦ ᠠᠵᠢᠯ ᠪᠠᠶ᠋ᠢᠵᠠᠢ᠃
       ᠣᠶ᠋ᠢᠷ᠎ᠠ ᠬᠠᠪᠢ ᠳ᠋ᠠᠭᠠᠨ(ᠳ᠋ᠦ᠍ ᠪᠠᠨ) ᠬᠡᠳᠦᠨ ᠥᠷᠲᠡᠭᠡ ᠭᠠᠵᠠᠷ ᠤᠨ ᠨᠤᠲᠤᠭ ᠤᠰᠤᠨ ‍ᠤ ᠪᠠᠶ᠋ᠢᠳᠠᠯ ᠢ ᠥᠷᠬᠦᠯᠵᠢ ᠮᠡᠳᠡᠵᠦ ᠪᠠᠶ᠋ᠢᠬᠤ᠂ ᠲᠤᠬᠠᠢ ᠶᠢᠨ ᠴᠠᠭ ᠦᠶ᠎ᠡ ᠶᠢᠨ ᠪᠠᠶ᠋ᠢᠳᠠᠯ ᠢᠶᠠᠷ ᠨᠢᠭᠡ ᠮᠠᠯ ᠳᠤ ᠨᠢᠭᠡ ᠬᠣᠨᠣᠭ ᠲᠤ ᠬᠡᠴᠢᠨᠡᠨ ᠭᠠᠵᠠᠷ ᠤᠨ ᠡᠪᠡᠰᠦ ᠢᠳᠡᠵᠦ ᠴᠢᠳᠠᠬᠤ ᠶᠢ ᠪᠣᠳᠣᠵᠤ᠂ ᠲᠡᠭᠦᠪᠡᠷ (ᠲᠡᠭᠦᠨ ᠶ᠋ᠢᠡᠷ )ᠲᠡᠷᠡ ᠭᠠᠵᠠᠷ ᠲᠥᠴᠢᠨᠡᠨ(ᠲᠡᠴᠢᠨᠡᠭᠡᠨ) ᠬᠣᠨᠣᠵᠤ ᠪᠣᠯᠬᠤ ᠶᠤᠮ ᠪᠠᠶ᠋ᠢᠨ᠎ᠠ ᠭᠡᠵᠦ ᠪᠠᠷᠤᠭᠴᠠᠭᠠᠨ ᠪᠣᠳᠣᠭᠠᠳ᠂ ᠲᠡᠷᠡ ᠬᠦᠷᠲᠡᠯ᠎ᠡ ᠥᠭᠡᠷ᠎ᠡ ᠪᠡᠯᠴᠢᠭᠡᠷ ᠡᠷᠢᠵᠦ ᠣᠯᠬᠤ ᠵᠡᠷᠭᠡ ᠪᠡᠷ ᠳᠥᠷᠪᠡᠨ ᠴᠠᠭ ᠤᠨ ᠡᠪᠡᠰᠦ ᠪᠡᠯᠴᠢᠭᠡᠷ ᠢ ᠲᠣᠬᠢᠷᠠᠭᠤᠯᠵᠤ ᠬᠡᠷᠡᠭᠯᠡᠬᠦ᠂ ᠪᠠᠰᠠ ᠣᠶ᠋ᠢᠷ᠎ᠠ ᠬᠠᠪᠢ ᠳᠤ ᠮᠠᠯ ᠤᠨ ᠡᠪᠡᠳᠴᠢᠨ ᠲᠠᠬᠤᠯ᠂ ᠴᠢᠨᠣ᠎ᠠ ᠨᠣᠬᠠᠢ ᠥᠯᠵᠡᠢ ᠲᠡᠢ ᠡᠰᠡᠬᠦ ᠶᠢ ᠮᠡᠳᠡᠬᠦ᠂ ᠮᠠᠯ ᠤᠨ ᠬᠦᠴᠦ ᠲᠠᠷᠭᠤ ᠠᠪᠤᠭᠤᠯᠬᠤ ᠳᠤ ᠴᠠᠭ ᠴᠠᠭ ᠲᠤᠨᠢ (ᠲᠤ᠌ ᠨᠢ) ᠬᠡᠷᠡᠭᠯᠡᠬᠦ ᠡᠪᠡᠰᠦ ᠬᠤᠵᠢᠷ ᠪᠣᠢ ᠦᠭᠡᠢ ᠶᠢ ᠮᠡᠳᠡᠬᠦ᠂ ᠬᠠᠪᠤᠷ ᠴᠠᠭ ᠤᠨ ᠪᠡᠯᠴᠢᠭᠡᠷ ᠨᠦᠬᠡᠵᠦ᠂ ᠵᠤᠨ ᠨᠠᠮᠤᠷ ᠬᠠᠮᠢᠭᠠᠭᠤᠷ ᠨᠤᠲᠤᠭᠯᠠᠬᠤ ᠶᠢ ᠪᠣᠳᠣᠵᠤ ᠣᠯᠬᠤ᠂ ᠪᠠᠰᠠ ᠨᠢᠭᠡ ᠴᠤ᠌ ᠡᠮ᠎ᠡ ᠮᠠᠯ ᠢ ᠰᠤᠪᠠᠶ᠋ᠢᠷᠠᠭᠤᠯᠬᠤ ᠦᠭᠡᠢ ᠶᠢ ᠬᠢᠴᠢᠶᠡᠬᠦ᠂ ᠮᠠᠯ ᠲᠥᠯᠯᠡᠬᠦ ᠦᠶᠡᠰ᠂ ᠨᠢᠯᠬ᠎ᠠ ᠬᠤᠷᠠᠭ᠎ᠠ ᠬᠦᠢᠲᠡᠨ ᠳᠦ ᠤᠰᠤᠭᠤᠵᠤ ᠦᠬᠦᠬᠦ ᠪᠤᠢ ᠭᠡᠵᠦ ᠰᠥᠨᠢ ᠨᠣᠶ᠋ᠢᠷ ᠦᠭᠡᠢ ᠰᠠᠬᠢᠬᠤ᠂ ᠡᠳᠦᠷ ᠴᠤ᠌ ᠬᠣᠨᠢᠨ ᠳᠠᠭᠠᠨ (ᠳᠤ ᠪᠠᠨ)ᠭᠠᠷᠬᠤ ᠦᠶᠡᠰ ᠬᠤᠷᠠᠭ᠎ᠠ ᠶᠢᠨ ᠤᠭᠤᠲᠠ ᠲᠠᠢ ᠶᠠᠪᠤᠵᠤ᠂ ᠨᠢᠯᠬ᠎ᠠ ᠬᠤᠷᠠᠭ᠎ᠠ ᠶᠢ ᠤᠭᠤᠲᠠᠨ ᠳ᠋ᠠᠭᠠᠨ(ᠳ᠋ᠦ᠍ ᠪᠠᠨ) ᠬᠢᠭᠡᠳ ᠡᠭᠦᠷᠴᠦ ᠶᠤᠮ ᠤᠤ ᠳᠦᠭᠦᠷᠴᠦ(ᠳᠡᠭᠦᠷᠴᠦ) ᠭᠡᠷ ᠲᠡᠭᠡᠨ(ᠲᠤ᠌ ᠪᠡᠨ)ᠠᠪᠴᠢᠷᠠᠬᠤ ᠲᠣᠩ ᠶᠡᠬᠡ ᠠᠵᠢᠯ ᠲᠠᠢ ᠠᠵᠤᠭᠤ᠃
       ᠬᠠᠪᠤᠷ ᠬᠣᠨᠢ ᠬᠤᠷᠠᠭᠠᠯᠠᠬᠤ ᠦᠶᠡᠰ᠂ ᠰᠢᠷᠴᠢᠨ ‍ᠦ ᠳᠥᠷᠪᠡᠨ ᠬᠠᠨ᠎ᠠ ᠲᠠᠢ ᠭᠡᠷ ᠨᠢ ᠨᠡᠶ᠋ᠢᠭᠡᠮ ᠮᠠᠯᠴᠢᠨ ᠣᠯᠠᠨ ‍ᠤ ᠭᠡᠷ ᠤᠨ ᠠᠳᠠᠯᠢ ᠨᠢᠯᠬ᠎ᠠ ᠬᠤᠷᠠᠭ᠎ᠠ ᠪᠠᠷ ᠳᠦᠭᠦᠷᠴᠦ᠂ ᠡᠷᠭᠢᠬᠦ ᠭᠠᠵᠠᠷ ᠦᠭᠡᠢ ᠰᠢᠬᠠᠭᠤ ᠪᠣᠯᠳᠠᠭ ᠪᠠᠶ᠋ᠢᠵᠠᠢ᠃ ᠲᠡᠷᠡ ᠦᠶ᠎ᠡ ᠪᠡᠷ ᠭᠡᠷ ᠤᠨ ᠡᠵᠡᠨ ᠨᠢ ᠣᠷᠣᠨ ‍ᠤ ᠲᠡᠨᠳᠡ ᠨᠢᠭᠡ ᠪᠤᠯᠤᠩ ᠳᠤ ᠴᠤᠤ ᠴᠢᠮᠠᠢ ᠭᠡᠵᠦ ᠬᠠᠪᠴᠢᠭᠤᠯᠤᠭᠳᠠᠨ᠂ ᠬᠤᠷᠠᠭ᠎ᠠ᠂ ᠵᠤᠤᠬ᠎ᠠ ᠶᠢᠨ ᠭᠠᠯ ᠠᠴᠠ ᠮᠣᠳᠣ ᠪᠠᠷ ᠬᠠᠰᠢᠶᠠᠰᠤᠲᠠᠢ ᠪᠤᠢ ᠪᠦᠬᠦ ᠰᠤᠯᠠ ᠭᠠᠵᠠᠷ ᠨᠢ ᠴᠢᠬᠢᠯᠳᠦᠨ ᠳᠦᠭᠦᠷᠴᠦ᠂ ᠬᠥᠬᠥᠭᠦᠯᠬᠦ ᠪᠡᠷ ᠭᠠᠷᠭᠠᠬᠤ᠂ ᠬᠥᠬᠥᠭᠰᠡᠨ ᠬᠣᠶ᠋ᠢᠨ᠎ᠠ ᠨᠢ ᠨᠢᠭᠡ ᠨᠢᠭᠡ ᠪᠡᠷ ᠨᠢ ᠪᠠᠷᠢᠵᠤ ᠳᠠᠬᠢᠨ ᠣᠷᠣᠭᠤᠯᠬᠤ᠂ ᠳᠣᠣᠷ᠎ᠠ ᠨᠢ ᠬᠠᠭᠤᠷᠠᠢ ᠪᠠᠭᠤᠴᠠ ᠳᠡᠪᠢᠰᠬᠦ᠂ ᠲᠤᠩ ᠴᠤ᠌ ᠶᠡᠬᠡ ᠠᠵᠢᠯ ᠲᠠᠢ ᠪᠣᠯᠳᠠᠭ ᠠᠵᠢ᠃ ᠲᠡᠭᠦᠨ ᠡᠴᠡ ᠭᠠᠳᠠᠨ᠎ᠠ᠂ ᠪᠠᠰᠠ ᠠᠷᠭᠠᠯ ᠲᠦᠯᠡᠰᠢ ᠪᠠᠵᠠᠭᠠᠬᠤ᠂ ᠠᠷᠠᠰᠤ ᠡᠯᠳᠡᠬᠦ᠂ ᠬᠤᠪᠴᠠᠰᠤ ᠬᠤᠨᠠᠷ ᠭᠤᠲᠤᠯ ᠮᠠᠯᠠᠭᠠᠢ ᠣᠶᠣᠬᠤ᠂ ᠡᠪᠦᠯᠵᠢᠨ ᠬᠠᠪᠤᠷᠵᠢᠨ ᠢᠳᠡᠬᠦ ᠴᠠᠭᠠᠨ ᠢᠳᠡᠭᠡ᠂ ᠠᠭᠠᠷᠤᠤᠯ᠂ ᠬᠤᠷᠤᠳ᠂ ᠥᠷᠥᠮ᠎ᠡ᠂ ᠲᠣᠰᠣ ᠪᠠᠵᠠᠭᠠᠵᠤ ᠠᠪᠬᠤ᠂ ᠨᠢᠯᠬ᠎ᠠ ᠲᠥᠯ ᠮᠠᠯ ᠤᠨ ᠬᠣᠶ᠋ᠢᠨ᠎ᠠ ᠠᠴᠠ ᠶᠠᠪᠤᠬᠤ᠂ ᠠᠷᠠᠴᠢᠯᠠᠬᠤ ᠵᠡᠷᠭᠡ ᠡᠮᠡᠭᠲᠡᠢ ᠬᠥᠮᠦᠨ ‍ᠦ ᠬᠢᠵᠦ ᠪᠠᠷᠠᠳᠠᠭ ᠦᠭᠡᠢ ᠵᠦᠢᠯ ᠵᠦᠢᠯ ᠤᠨ ᠠᠵᠢᠯ ᠢ ᠲᠣᠭᠠᠴᠢᠪᠠᠴᠤ ᠪᠠᠷᠠᠰᠢ ᠦᠭᠡᠢ ᠠᠵᠢ᠃
           *                  *                   *
       ᠣᠯᠠᠨ᠎ᠠ ᠶᠢᠨ ᠳᠣᠯᠣᠳᠤᠭᠠᠷ ᠣᠨ ᠬᠡᠳᠦᠶ᠋ᠢᠨ ᠭᠠᠷᠴᠤ᠂ ᠠᠦ᠋ᠲ᠋ᠣᠨᠣᠮᠢᠲ᠋ ᠮᠣᠩᠭᠣᠯ ᠤᠯᠤᠰ ᠪᠤᠢ ᠪᠣᠯᠤᠭᠰᠠᠭᠠᠷ ᠳᠣᠯᠣᠭᠠᠨ ᠵᠢᠯ ᠤᠨ ᠨᠢᠭᠤᠷ ᠦᠵᠡᠬᠦ ᠳᠦ ᠮᠣᠩᠭᠣᠯ ᠤᠯᠤᠰ ᠤᠨ ᠲᠤᠯᠭᠤᠷ ᠲᠥᠷᠥ ᠲᠣᠭᠲᠠᠪᠠᠯ ᠠᠮᠢᠲᠠᠨ ᠣᠯᠠᠨ ‍ᠤ ᠠᠵᠤ ᠲᠥᠷᠥᠬᠦ ᠨᠢ ᠳᠡᠭᠡᠷᠡᠳᠡᠬᠦ ᠪᠤᠢ ᠭᠡᠵᠦ ᠬᠦᠯᠢᠶᠡᠵᠦ ᠪᠠᠶ᠋ᠢᠬᠰᠠᠨ ᠡᠭᠡᠯ ᠵᠢᠷ ᠤᠨ ᠬᠥᠮᠦᠨ ᠠᠷᠠᠳ᠂ ᠲᠡᠷᠡ ᠭᠣᠷᠢ ᠦᠭᠡᠢ ᠪᠣᠯᠤᠭᠰᠠᠨ ᠢ ᠦᠵᠡᠵᠦ ᠡᠬᠢᠯᠡᠪᠡ᠃
       ᠨᠣᠶᠠᠨ ᠪᠠᠶᠠᠨ᠂ ᠢᠵᠠᠭᠤᠷ ᠤᠭᠰᠠᠭ᠎ᠠ ᠲᠠᠢ ᠬᠥᠮᠦᠨ ᠪᠤᠶᠤ ᠪᠠᠶᠠᠨ ᠴᠢᠨᠡᠭᠡᠯᠢᠭ ᠤᠴᠢᠷ ᠡᠳᠡᠭᠡᠷ ᠵᠡᠷᠭᠡ ᠬᠡᠷᠬᠢᠮ(ᠬᠡᠷᠭᠡᠮ) ᠣᠯᠵᠤ ᠴᠢᠳᠠᠬᠤ ᠬᠥᠮᠦᠨ ᠵᠢᠷᠭᠠᠯ ᠲᠠᠢ ᠰᠠᠶ᠋ᠢᠬᠠᠨ ᠠᠵᠤ ᠲᠥᠷᠥᠵᠦ᠂ ᠵᠢᠷ ᠤᠨ ᠬᠥᠮᠦᠨ᠂ ᠬᠠᠷᠠᠴᠤ ᠠᠯᠪᠠᠲᠤ᠂ ᠬᠠᠮᠵᠢᠯᠭ᠎ᠠ ᠠᠷᠠᠳ᠂ ᠮᠠᠨᠵᠤ ᠶᠢᠨ ᠦᠶᠡᠰ ᠳᠣᠷᠣᠶ᠋ᠢᠳᠠᠭ᠎ᠠ ᠦᠭᠡᠢ ᠪᠣᠯ ᠳᠡᠭᠡᠳᠦ ᠵᠠᠶᠠᠭ᠎ᠠ ᠪᠣᠯᠵᠤ᠂ ᠠᠯᠪᠠᠨ ᠭᠤᠪᠴᠢᠭᠤᠷ᠂ ᠤᠷᠢᠳᠠᠬᠢ(ᠤᠷᠢᠳᠬᠢ) ᠳᠠᠶ᠋ᠢᠴᠢᠩ ᠤᠯᠤᠰ ᠤᠨ ᠦᠶᠡᠰ ᠡᠴᠡ ᠨᠡᠮᠡᠭᠳᠡᠵᠡᠢ᠃ ᠬᠥᠮᠦᠨ ᠠᠮᠢᠲᠠᠨ᠂ ᠪᠣᠭᠳᠠ ᠶ᠋ᠢᠨ ᠶᠡᠬᠡ ᠱᠠᠪᠢ ᠳ᠋ᠤ᠌ ᠬᠤᠰᠢᠭᠤᠨ ᠠ᠋ᠴᠠ ᠰᠠᠯᠵᠤ ᠣᠷᠣᠬᠤ ᠶ᠋ᠢ ᠠᠦ᠋ᠲ᠋ᠣᠨᠣᠮᠢᠲ ᠤ᠋ᠨ ᠦᠶ᠎ᠡ ᠳ᠋ᠦ᠍ ᠶᠡᠬᠡ ᠬᠦᠰᠡᠵᠦ ᠲᠡᠮᠡᠦᠭᠦᠯᠳᠡᠭ(ᠲᠡᠮᠡᠦᠯᠳᠡᠭ) ᠪᠣᠯᠤᠭᠰᠠᠨ ᠨᠢ᠂ ᠱᠠᠪᠢ ᠶ᠋ᠢᠨ ᠬᠢᠨ᠂ ᠠᠢᠮᠠᠭ ᠬᠤᠰᠢᠭᠤᠨ ᠳ᠋ᠤ᠌ ᠨᠣᠭᠣᠭᠳᠠᠳᠠᠭ(ᠨᠣᠭᠳᠠᠳᠠᠭ) ᠣᠯᠠᠨ ᠠᠯᠪᠠᠨ ᠲᠠᠲᠠᠪᠤᠷᠢ ᠠ᠋ᠴᠠ ᠴᠢᠯᠥᠭᠡᠲᠡᠢ ᠪᠠᠢᠵᠠᠢ᠃ ᠭᠠᠭᠴᠠᠬᠦ(ᠭᠠᠭᠴᠠ ᠬᠦ᠌)ᠶᠡᠬᠡ ᠱᠠᠪᠢ ᠶ᠋ᠢᠨ ᠬᠥᠮᠦᠨ ᠠᠮᠠ ᠶ᠋ᠢᠨ ᠲᠣᠭᠠᠨ ᠳ᠋ᠤ᠌ ᠪᠠᠭᠲᠠᠨ ᠣᠷᠣᠶ᠎ᠠ ᠭᠡᠬᠦ ᠳ᠋ᠦ᠍ ᠵᠣᠬᠢᠬᠴᠢᠳ ᠲᠤ᠌ ᠬᠠᠬᠤᠤᠯᠢ ᠬᠡᠭᠡᠯᠢ ᠴᠢᠳᠬᠤᠬᠤ ᠬᠥᠷᠥᠩᠭᠡ ᠴᠢᠨᠡᠭᠡ ᠪᠦᠬᠦᠢ ᠪᠠᠶᠠᠴᠤᠳ ᠣᠷᠣᠬᠤ ᠠ᠋ᠴᠠ ᠪᠢᠰᠢ᠂ ᠶᠠᠳᠠᠭᠤ ᠬᠣᠭᠣᠰᠣᠨ ᠠᠮᠢᠲᠠᠨ ᠤ᠋ ᠱᠠᠪᠢ ᠳ᠋ᠤ᠌ ᠪᠠᠭᠲᠠᠬᠤ ᠨᠢ ᠳ᠋ᠧᠸᠠᠵᠢᠩ ᠤ᠋ᠨ(ᠳ᠋ᠧᠪᠠᠵᠠᠨ ᠤ᠋) ᠣᠷᠣᠨ ᠳ᠋ᠤ᠌ ᠪᠠᠭᠲᠠᠬᠤ ᠠ᠋ᠴᠠ ᠬᠡᠴᠡᠭᠦᠦ ᠠᠵᠤᠭᠤ᠃ ᠴᠠᠭᠠᠭᠴᠢᠨ ᠭᠠᠬᠠᠢ ᠵᠢᠯ᠂ ᠬᠦᠷᠢᠶᠡᠨ ᠦ᠌ ᠵᠢᠪᠽᠦ᠋ᠨᠳᠠᠮᠪᠠ ᠬᠤᠲᠤᠭᠲᠤ ᠶ᠋ᠢ ᠬᠠᠭᠠᠨ ᠰᠢᠷᠡᠭᠡᠨ᠎ᠡ ᠰᠠᠭᠤᠬᠤ ᠦᠶᠡᠰ᠂ ᠶᠡᠬᠡ ᠱᠠᠪᠢ ᠶ᠋ᠢᠨ ᠬᠥᠮᠦᠨ ᠠᠮᠠ ᠶ᠋ᠢᠨ ᠲᠣᠭ᠎ᠠ ᠲᠠᠪᠤᠨ ᠲᠦᠮᠡ ᠲᠠᠪᠤᠨ ᠮᠢᠩᠭ᠎ᠠ ᠳᠥᠷᠪᠡᠨ ᠵᠠᠭᠤ ᠳᠠᠯᠠᠨ ᠬᠣᠶᠠᠷ ᠪᠠᠢᠭᠰᠠᠨ ᠠ᠋ᠴᠠ ᠬᠡᠳᠦᠬᠡᠨ ᠵᠢᠯ ᠦ᠋ᠨ ᠳᠣᠲᠣᠷ᠎ᠠ ᠪᠠᠷᠤᠭ ᠨᠢᠭᠡ ᠨᠤᠭᠤᠯᠤᠭᠰᠠᠨ ᠬᠢᠷᠢ ᠲᠡᠢ ᠨᠡᠮᠡᠭᠳᠡᠵᠦ᠂ ᠨᠠᠢ᠍ᠮᠠᠨ ᠲᠦᠮᠡ ᠶᠢᠰᠦᠨ ᠮᠢᠩᠭ᠎ᠠ ᠭᠤᠷᠪᠠᠨ ᠵᠠᠭᠤᠨ ᠬᠥᠮᠦᠨ ᠪᠣᠯᠤᠭᠰᠠᠨ ᠨᠢ ᠴᠥᠮ ᠬᠣᠰᠢᠭᠤ ᠣᠯᠠᠨ ᠳ᠋ᠤ᠌ ᠣᠨᠣᠭᠳᠠᠬᠤ ᠵᠦᠢᠯ ᠵᠦᠢᠯ ᠦ᠋ᠨ ᠬᠦᠨᠳᠦ ᠠᠯᠪᠠᠨ ᠭᠤᠪᠴᠢᠭᠤᠷ ᠠ᠋ᠴᠠ ᠠᠩᠭᠢᠵᠢᠷᠠᠬᠤ ᠭᠡᠵᠦ ᠶᠡᠬᠡ ᠱᠠᠪᠢ ᠶ᠋ᠢᠨ ᠬᠠᠷᠢᠶᠠᠲᠤ ᠪᠣᠯᠤᠭᠰᠠᠨ ᠪᠠᠶᠠᠴᠤᠳ ᠪᠠᠢᠵᠠᠢ᠃ 
       ᠠᠯᠪᠠᠨ ᠭᠤᠪᠴᠢᠭᠤᠷ ᠤ᠋ᠨ ᠬᠦᠨᠳᠦ ᠪᠣᠯᠤᠭᠰᠠᠨ ᠢ᠋ ᠰᠢᠷᠴᠢᠨ ᠴᠦ᠍ ᠪᠡᠶ᠎ᠡ ᠪᠡᠷ ᠦᠵᠡᠪᠡ᠃ ᠭᠡᠷ ᠦ᠋ᠨ ᠳᠣᠲᠣᠷ᠎ᠠ ᠠᠵᠢᠯ ᠬᠢᠵᠦ ᠳᠠᠳᠤᠭᠰᠠᠨ᠂ ᠡᠷᠡᠭᠦᠯ ᠴᠢᠭᠢᠷᠠᠭ ᠢᠳᠡᠷ ᠵᠠᠯᠠᠭᠤ ᠶ᠋ᠢᠨ ᠴᠣᠭ ᠪᠠᠳᠠᠷᠠᠭᠰᠠᠨ ᠬᠣᠶᠠᠷ ᠬᠥᠮᠦᠨ ᠪᠠᠢᠭᠰᠠᠨ ᠮᠥᠷᠲᠡᠭᠡᠨ᠂ ᠬᠡᠴᠢᠨᠡᠨ(ᠬᠡᠴᠢᠨᠡᠭᠡᠨ) ᠠᠵᠢᠯ ᠬᠢᠪᠡᠴᠦ ᠠᠵᠤ ᠲᠥᠷᠥᠵᠦ᠂ ᠬᠣᠶᠠᠷ ᠪᠡᠶ᠎ᠡ ᠪᠡᠨ ᠲᠡᠵᠢᠭᠡᠨ ᠠᠮᠢ ᠵᠢᠭᠤᠬᠤ ᠳ᠋ᠤ᠌ ᠠᠮᠤᠷ ᠦᠭᠡᠢ ᠪᠠᠢᠵᠠᠢ᠃ ᠢᠯᠠᠩᠭᠤᠶ᠎ᠠ ᠲᠣᠭᠲᠠᠮᠠᠯ ᠪᠢᠰᠢ ᠪᠥᠭᠡᠳ ᠴᠠᠭ ᠲᠥᠷᠥ ᠶ᠋ᠢᠨ ᠪᠠᠢᠳᠠᠯ ᠳ᠋ᠤ᠌ ᠤᠯᠤᠰ ᠲᠥᠷᠥ ᠶ᠋ᠢᠨ ᠤᠴᠢᠷ ᠡᠢᠮᠦ ᠨᠣᠮ᠂ ᠲᠡᠢᠮᠦ ᠭᠦᠷᠢᠮ ᠬᠢᠵᠦ ᠳᠡᠭᠡᠷᠡᠬᠢ ᠶ᠋ᠢᠨ ᠵᠠᠷᠯᠢᠭ ᠯᠥᠨᠳᠥᠩ(ᠯᠦᠩᠳᠦ᠋ᠩ) ᠢ᠋ᠶ᠋ᠡᠷ ᠪᠠᠭᠤᠯᠭᠠᠭᠰᠠᠨ ᠬᠤᠷᠠᠯ ᠨᠣᠮ ᠤ᠋ᠨ ᠵᠠᠷᠤᠳᠠᠯ᠂ ᠵᠢᠯ ᠪᠦᠷᠢ ᠶ᠋ᠢᠨ ᠲᠦᠮᠡᠨ ᠭᠡᠯᠦᠩ ᠦ᠋ᠨ ᠬᠠᠢᠯᠠᠩ ᠬᠤᠷᠠᠯ ᠭᠡᠬᠦ ᠵᠡᠷᠭᠡ ᠱᠠᠰᠢᠨ ᠯᠠᠮᠠ ᠨᠠᠷ ᠤ᠋ᠨ ᠲᠤᠬᠠᠢ ᠲᠠᠲᠠᠪᠤᠷᠢ ᠬᠦᠨᠳᠦ ᠪᠣᠯᠵᠠᠢ᠃ ᠲᠡᠷᠡ ᠲᠦᠮᠡᠨ ᠭᠡᠯᠦᠩ ᠦ᠋ᠨ ᠬᠠᠢᠯᠠᠩ ᠬᠤᠷᠠᠯ ᠢ᠋ ᠬᠦᠷᠢᠶᠡᠨ ᠳ᠋ᠦ᠍ ᠬᠤᠷᠠᠬᠤ ᠭᠡᠵᠦ ᠠᠢᠮᠠᠭ ᠬᠣᠰᠢᠭᠤ ᠪᠦᠬᠦᠨ ᠡᠴᠡ ᠥᠷᠲᠡᠭᠡ ᠪᠡᠷ ᠯᠠᠮᠠ ᠨᠠᠷ ᠴᠤᠪᠤᠵᠤ᠂ ᠳᠥᠴᠢᠨ ᠲᠠᠪᠤᠨ ᠬᠣᠨᠣᠭ ᠬᠠᠢᠯᠠᠩ ᠬᠤᠷᠠᠯ ᠬᠤᠷᠠᠬᠤ ᠪᠦᠬᠦ ᠵᠠᠷᠤᠳᠠᠯ ᠢ᠋ ᠠᠷᠠᠳ ᠠ᠋ᠴᠠ ᠲᠠᠲᠠᠳᠠᠭ ᠪᠠᠢᠵᠠᠢ᠃  
       ᠬᠠᠪᠤᠷ ᠲᠠᠷᠪᠠᠭ᠎ᠠ ᠶ᠋ᠢ ᠢᠴᠡᠭᠡ ᠡᠴᠡ ᠭᠠᠷᠴᠤ᠂ ᠦᠰᠦ ᠨᠢ ᠰᠠᠢᠬᠠᠨ ᠪᠠᠢᠬᠤ ᠦᠶᠡᠰ᠂ ᠰᠢᠷᠴᠢᠨ ᠲᠠᠷᠪᠠᠭ᠎ᠠ ᠠᠩᠨᠠᠬᠤ ᠪᠠᠷ ᠭᠠᠷᠴᠤ᠂ ᠲᠠᠲᠠᠪᠤᠷᠢ ᠳ᠋ᠤ᠌ ᠲᠤᠰᠢᠶᠠᠬᠤ ᠬᠡᠳᠦᠨ ᠯᠠᠩ ᠮᠥᠩᠭᠥᠨ ᠦ᠌ ᠬᠡᠷᠡᠭᠴᠡᠭᠡ ᠶ᠋ᠢ ᠠᠩ ᠢ᠋ᠶ᠋ᠠᠷ ᠠᠷᠭᠠᠴᠠᠭᠠᠬᠤ ᠶ᠋ᠢ ᠣᠷᠣᠯᠳᠣᠵᠠᠢ᠃ ᠲᠡᠷᠡ ᠲᠤᠬᠠᠢ ᠲᠠᠷᠪᠠᠭᠠᠨ ᠤ᠋ ᠠᠷᠠᠰᠤ ᠦᠨ᠎ᠡ ᠳ᠋ᠦ᠍ ᠣᠷᠣᠵᠤ᠂ ᠬᠢᠲᠠᠳ᠂ ᠠᠩᠭ᠌ᠯᠢ᠂ ᠠᠮᠧᠷᠢᠺᠠ ᠫᠦᠰᠡ ᠶ᠋ᠢᠨ ᠬᠢᠨ᠂ ᠲᠠᠷᠪᠠᠭᠠᠨ ᠤ᠋ ᠠᠷᠠᠰᠤ ᠶ᠋ᠢ ᠥᠷᠢᠰᠦᠯᠳᠦᠨ ᠠᠪᠬᠤ ᠲᠤᠯᠠ ᠰᠢᠷᠴᠢᠨ ᠲᠠᠷᠪᠠᠭ᠎ᠠ ᠨᠡᠯᠢᠶᠡᠳ ᠠᠩᠨᠠᠳᠠᠭ ᠪᠣᠯᠤᠭᠰᠠᠨ ᠪᠠᠢᠯ᠎ᠠ᠃ 
       ᠪᠢᠴᠢᠭᠲᠦ ᠴᠢᠯᠠᠭᠤᠨ ᠤ᠋ ᠠᠮᠠᠨ ᠳ᠋ᠤ᠌ ᠲᠠᠷᠪᠠᠭ᠎ᠠ ᠣᠯᠠᠨ ᠪᠠᠢᠳᠠᠭ ᠲᠤᠯᠠ ᠲᠡᠷᠡ ᠭᠠᠵᠠᠷ ᠴᠢᠭᠯᠡᠨ ᠣᠴᠢᠪᠠᠯ᠂ ᠲᠠᠷᠪᠠᠭᠠᠴᠢᠨ ᠤ᠋ ᠬᠥᠬᠡ ᠮᠠᠢᠬᠠᠨ ᠦᠵᠡᠭᠳᠡᠵᠦ᠂ ᠣᠢᠷᠠᠲᠤᠨ ᠬᠦᠷᠪᠡᠰᠦ ᠰᠢᠷᠴᠢᠨ ᠲᠡᠢ ᠲᠡᠷᠡ ᠵᠢᠯ ᠠᠬ᠎ᠠ ᠶ᠋ᠢᠨ ᠳ᠋ᠦ᠍ᠨᠢ(ᠳ᠋ᠦ᠍ ᠨᠢ)ᠤᠩᠭᠠᠰᠤ ᠰᠠᠪᠠᠯᠴᠠᠭᠰᠠᠨ ᠬᠡᠭᠡᠷ᠎ᠡ ᠶ᠋ᠢᠨ ᠪᠣᠷᠣ ᠭᠡᠳᠡᠭ ᠬᠥᠮᠦᠨ ᠠᠵᠤᠭᠤ᠃ ᠦᠵᠡᠰᠡ᠂ ᠰᠢᠳᠦ ᠣᠢᠴᠢᠵᠤ᠂ ᠣᠪᠣᠷ ᠶᠡᠬᠡᠯ᠎ᠡ(ᠶᠡᠬᠡ ᠯᠡ) ᠬᠥᠭᠰᠢᠷᠡᠨ ᠥᠲᠡᠯᠵᠡᠢ᠃ 
       — ᠬᠠᠪᠤᠷ ᠴᠢᠭᠢᠭ ᠪᠠᠮ ᠬᠥᠳᠡᠯᠵᠦ᠂ ᠰᠢᠳᠦ ᠣᠢᠴᠢᠯ᠎ᠠ᠃ ᠣᠳᠣ ᠲᠠᠷᠪᠠᠭ᠎ᠠ ᠠᠩᠨᠠᠵᠤ ᠴᠢᠭᠢᠭ ᠢ᠋ᠶ᠋ᠡᠨ ᠰᠤᠪᠢᠯᠠᠵᠤ ᠪᠠᠢᠨ᠎ᠠ ᠭᠡᠵᠦ ᠲᠡᠷᠡ ᠤᠩᠭᠠᠰᠤ ᠰᠠᠪᠠᠳᠠᠭ ᠬᠥᠮᠦᠨ ᠰᠢᠲᠦ ᠦᠭᠡᠢ ᠡᠮᠰᠡᠭᠡᠷ ᠠᠮᠠ ᠪᠠᠷ ᠢᠨᠢᠶᠡᠮᠰᠦᠭᠯᠡᠵᠦ᠂ ᠨᠣᠷᠮ᠎ᠠ ᠠ᠋ᠴᠠ ᠬᠣᠷᠬᠣᠭᠯᠠᠭᠰᠠᠨ ᠲᠠᠷᠪᠠᠭ᠎ᠠ ᠭᠠᠷᠭᠠᠵᠤ᠂ ᠠᠮᠠᠰᠠᠷ ᠤ᠋ᠨ ᠪᠤᠭᠤᠯᠲᠤ ᠶ᠋ᠢ ᠰᠤᠯᠠᠳᠬᠠᠨ᠂ ᠬᠠᠯᠠᠭᠤᠨ ᠠᠭᠤᠷ ᠢ᠋ ᠭᠠᠷᠭᠠᠬᠤ ᠵᠠᠭᠤᠷ᠎ᠠ᠂ ᠲᠠᠷᠪᠠᠭ᠎ᠠ ᠡᠨᠳᠡ ᠲᠤᠩ ᠶᠡᠬᠡ᠂ ᠬᠣᠶᠠᠭᠤᠯᠠ ᠪᠠᠨ ᠤᠷᠠᠬ᠎ᠠ ᠲᠠᠯᠪᠢᠵᠤ ᠨᠡᠢᠯᠡᠨ ᠠᠩᠨᠠᠪᠠᠯ ᠡᠳᠦᠷ ᠴᠠᠭ ᠥᠩᠭᠡᠷᠡᠬᠦ ᠵᠤᠭᠠᠲᠠᠢ ᠪᠢᠰᠢᠦ ᠭᠡᠵᠡᠢ᠃  
       ᠦᠳᠡᠰᠢ ᠭᠠᠯ ᠤ᠋ᠨ ᠳᠡᠷᠭᠡᠳᠡ ᠰᠠᠭᠤᠵᠤ ᠶᠠᠷᠢᠯᠴᠠᠬᠤ ᠦᠶᠡᠰ᠂ ᠬᠡᠭᠡᠷ᠎ᠡ ᠶ᠋ᠢᠨ ᠪᠣᠷᠣ᠂ ᠰᠢᠷᠴᠢᠨ ᠡᠴᠡ ᠠᠰᠠᠭᠤᠷᠤᠨ᠂ 
       — ᠰᠣᠨᠣᠰᠪᠠᠯ ᠴᠢᠮᠠᠶ᠋ᠢ ᠠᠶᠠᠨ ᠲᠡᠢᠨ ᠳ᠋ᠦ᠍ ᠶᠠᠪᠤᠵᠤ᠂ ᠤᠲᠤᠭ᠎ᠠ ᠵᠢᠩᠰᠡ ᠪᠠᠢᠯᠳᠤᠨ ᠣᠯᠵᠤ ᠠᠪᠤᠭᠰᠠᠨ ᠭᠡᠵᠦ ᠰᠣᠨᠣᠰᠤᠯ᠎ᠠ᠂ ᠬᠠᠷᠠᠴᠤ ᠠᠷᠠᠳ ᠲᠤ᠌  ᠳᠡᠭᠡᠷᠡᠳᠡᠭᠰᠡᠨ ᠰᠢᠨᠵᠢ ᠪᠠᠢᠨᠠᠤ(ᠪᠠᠢᠨ᠎ᠠ ᠤᠤ) ᠦᠭᠡᠢ ᠤᠤ? ᠲᠡᠷᠡ ᠠᠶᠠᠨ ᠲᠡᠢᠨ ᠬᠢᠵᠦ᠂ ᠮᠣᠩᠭᠣᠯ ᠤᠯᠤᠰ ᠢ᠋ ᠪᠠᠢᠭᠤᠯᠪᠠ ᠭᠡᠬᠦ ᠳ᠋ᠦ᠍ ᠴᠢᠮᠠᠲᠤ ᠤᠷᠢᠳᠤ ᠶ᠋ᠢᠨ ᠡᠴᠡ ᠳᠡᠭᠡᠷᠡᠳᠡᠭᠰᠡᠨ ᠰᠢᠨᠵᠢ ᠮᠡᠳᠡᠭᠳᠡᠵᠦ ᠪᠠᠢᠨᠠᠤ(ᠪᠠᠢᠨ᠎ᠠ ᠤᠤ)? ᠭᠡᠵᠦ ᠠᠰᠠᠭᠤᠬᠤ ᠳ᠋ᠤᠨᠢ᠂ 
       — ᠦᠭᠡᠢ ᠭᠡᠪᠡ᠃ 
       — ᠲᠡᠷᠡ ᠶᠠᠮᠠᠷ ᠤᠴᠢᠷ ᠪᠣᠢ? ᠴᠢ ᠶᠡᠷᠦ ᠪᠣᠳᠣᠵᠤ ᠦᠵᠡᠪᠡᠦ(ᠦᠵᠡᠪᠡ ᠤᠤ)? ᠤᠷᠢᠳᠤ ᠶᠠᠷᠢᠬᠤ ᠳ᠋ᠠᠭᠠᠨ (ᠳ᠋ᠤ᠌ ᠪᠠᠨ)᠂ ᠬᠠᠮᠤᠭ ᠭᠡᠮ ᠬᠣᠣᠷ ᠮᠠᠨᠵᠤ ᠠ᠋ᠴᠠ ᠯᠠ ᠭᠠᠷᠴᠤ ᠪᠠᠢᠭ᠎ᠠ ᠶᠤᠮ᠃ ᠲᠡᠳᠡᠨ ᠢ᠋ ᠬᠥᠭᠡᠭᠡᠵᠦ ᠣᠷᠣᠨ ᠨᠤᠲᠤᠭ ᠢ᠋ᠶ᠋ᠠᠨ ᠠᠷᠢᠭᠤᠳᠬᠠᠪᠠᠯ᠂ ᠵᠢᠷᠠᠨ ᠵᠢᠯ ᠦ᠋ᠨ ᠵᠢᠷᠭᠠᠯ᠂ ᠨᠠᠶᠠᠨ ᠵᠢᠯ ᠦ᠋ᠨ ᠨᠠᠢᠷ ᠭᠡᠭᠴᠢ ᠨᠢ ᠪᠣᠯᠬᠤ ᠶᠤᠮ ᠭᠡᠵᠦ ᠶᠠᠷᠢᠳᠠᠭ ᠰᠠᠨ ᠰᠢᠦ ᠳᠡ᠃ ᠣᠳᠣ ᠲᠡᠭᠡᠬᠦ ᠳ᠋ᠦ᠍ ᠳᠠᠷᠤᠯᠠᠵᠤ ᠪᠠᠢᠭᠰᠠᠨ ᠬᠠᠷᠢ ᠶ᠋ᠢᠨ ᠬᠠᠷᠭᠢᠰ ᠡᠵᠡᠷᠬᠡᠭ ᠢ᠋ ᠬᠥᠭᠡᠭᠡᠵᠦ ᠵᠠᠢᠯᠠᠭᠤᠯᠤᠭᠰᠠᠭᠠᠷ ᠪᠠᠷᠤᠭ ᠳᠣᠯᠣᠭᠠᠨ ᠵᠢᠯ ᠪᠣᠯᠵᠤ ᠪᠠᠢᠬᠤ ᠳ᠋ᠤ᠌᠂ ᠠᠷᠠᠳ ᠠᠮᠢᠲᠠᠨ ᠣᠳᠣ ᠬᠦᠷᠲᠡᠯ᠎ᠡ ᠵᠢᠷᠭᠠᠬᠤ ᠴᠠᠭ ᠤ᠋ᠨ ᠡᠬᠢ ᠵᠠᠬ᠎ᠠ ᠶ᠋ᠢ ᠦᠵᠡᠳᠡᠭ ᠦᠭᠡᠢ ᠶ᠋ᠢᠨ ᠤᠴᠢᠷ ᠨᠢ ᠶᠠᠭᠤ ᠪᠢᠯᠡ᠃ ᠣᠳᠣ ᠪᠣᠳᠣᠭᠠᠳ ᠦᠵᠡᠬᠦ ᠳ᠋ᠦ᠍ ᠮᠠᠨᠠᠢ ᠬᠠᠮᠤᠭ ᠶᠠᠭᠤᠮ᠎ᠠ ᠥᠪᠡᠷ ᠦ᠋ᠨ ᠪᠣᠯᠤᠭᠰᠠᠨ ᠪᠢᠰᠢᠦ? ᠬᠠᠭᠠᠨ ᠠ᠋ᠴᠠ ᠠᠪᠴᠤ ᠦᠵᠡᠬᠦ ᠳ᠋ᠦ᠍ ᠥᠪᠡᠷ ᠦ᠋ᠨ ᠮᠣᠩᠭᠣᠯ ᠬᠠᠭᠠᠨ ᠲᠠᠢ᠂ ᠪᠠᠰᠠ ᠬᠠᠭᠠᠨ ᠬᠠᠭᠠᠨ ᠳ᠋ᠠᠭᠠᠨ ᠵᠢᠷ ᠦ᠋ᠨ ᠬᠠᠭᠠᠨ ᠪᠢᠰᠢ ᠪᠤᠷᠬᠠᠨ ᠤ᠋ ᠬᠤᠪᠢᠯᠭᠠᠨ᠂ ᠠᠮᠢᠲᠠᠨ ᠢ᠋ ᠵᠢᠷᠭᠠᠭᠤᠯᠤᠭᠴᠢ ᠴᠣᠯᠠ ᠲᠠᠢ ᠬᠠᠭᠠᠨ᠂ ᠨᠣᠶᠠᠳ ᠲᠦᠰᠢᠮᠡᠳ ᠭᠡᠬᠦ ᠳ᠋ᠦ᠍ ᠳᠠᠩ ᠮᠣᠩᠭᠣᠯ ᠨᠣᠶᠠᠳ ᠲᠦᠰᠢᠮᠡᠯ ᠪᠣᠯᠵᠤ᠂ ᠪᠢᠳᠡᠨ ᠢ᠋ ᠪᠠᠩᠵᠠᠳᠠᠬᠤ ᠳ᠋ᠠᠭᠠᠨ ᠴᠤ᠌ ᠮᠠᠨᠵᠤ ᠶᠠ ᠢ ᠪᠢᠰᠢ᠂ ᠮᠣᠩᠭᠣᠯᠴᠤᠳ ᠶᠠ ᠢ ᠪᠣᠯᠵᠠᠢ᠃ ᠮᠣᠩᠭᠣᠯ ᠪᠠᠩᠵᠠ ᠶ᠋ᠢᠨ ᠠᠮᠲᠠ ᠶ᠋ᠢ ᠪᠢ ᠴᠦ᠍ ᠭᠡᠰᠡᠨ ᠨᠢᠳᠤᠨᠤᠨ ᠨᠠᠮᠤᠷ ᠠᠮᠰᠠᠭᠠᠳ ᠦᠵᠡᠭᠰᠡᠨ᠃ ᠯᠣᠳᠣᠢ ᠪᠠᠶᠠᠨ ᠢ᠋ ᠪᠠᠢᠰᠠ ᠨᠣᠶᠠᠨᠲᠠᠨ ᠪᠣᠯᠤᠭᠰᠠᠨ ᠢ᠋ ᠣᠭᠲᠣ  ᠮᠠᠷᠲᠠᠴᠢᠭᠠᠳ (ᠮᠠᠷᠲᠠᠴᠢᠬᠠᠭᠠᠳ)᠂ ᠭᠡᠷ ᠦ᠋ᠨ ᠬᠢᠨᠢ ᠤᠷᠢᠳᠤᠭᠤᠷ ᠮᠣᠷᠢ ᠲᠠᠢ ᠥᠩᠭᠡᠷᠡᠭᠰᠡᠨ ᠴᠢᠨᠢ᠂ ᠡᠭᠦᠳᠡ ᠨᠢ ᠰᠡᠬᠦᠭᠡᠰᠦᠲᠡᠢ᠂ ᠬᠣᠢᠮᠣᠷ ᠲᠠᠭᠠᠨ ᠰᠠᠭᠤᠵᠤ ᠪᠠᠢᠭᠰᠠᠨ ᠶᠤᠮ ᠪᠠᠢᠵᠠᠢ᠃ ᠨᠠᠮᠠᠶ᠋ᠢ ᠬᠠᠷᠠᠴᠢᠭᠠᠳ (ᠬᠠᠷᠠᠴᠢᠬᠠᠭᠠᠳ) ᠳᠠᠭᠤᠳᠠᠭᠤᠯᠵᠤ᠂ ᠨᠣᠶᠠᠨ ᠤ᠋ ᠦᠷᠭᠦᠭᠡᠨ ᠦ᠌ ᠤᠷᠢᠳᠤᠭᠤᠷ ᠮᠣᠷᠢᠲᠠᠢ ᠳᠠᠪᠬᠢᠵᠤ ᠥᠩᠭᠡᠷᠡᠭᠰᠡᠨ ᠭᠡᠵᠦ ᠠᠷᠪᠠᠨ ᠲᠠᠪᠤᠨ ᠪᠠᠩᠵᠠ ᠱᠠᠩᠨᠠᠭᠤᠯᠵᠤ ᠪᠢᠯᠡ᠃ ᠴᠢᠨᠦ ᠬᠣᠢᠲᠤ ᠡᠬᠡ᠂ ᠥᠨᠥᠬᠢ ᠵᠠᠩᠲᠠᠢ ᠶ᠋ᠢ ᠴᠦ᠍ ᠦᠵᠡᠭᠰᠡᠨ᠃ ᠨᠠᠮᠠᠶ᠋ᠢ ᠪᠠᠩᠵᠠᠳᠠᠬᠤ ᠳ᠋ᠤ᠌᠂ ᠬᠠᠷᠢᠨ ᠭᠠᠭᠴᠠ ᠰᠠᠢᠨ ᠲᠠᠪᠠ ᠪᠠᠨ ᠬᠠᠨᠤᠭᠰᠠᠨ ᠳ᠋ᠠᠭᠠᠨ᠂ ᠲᠡᠷᠡ ᠴᠢᠨᠢ ᠶᠣᠰᠣᠲᠠᠢ ᠮᠢᠬᠠᠴᠢᠨ ᠡᠮ᠎ᠡ ᠪᠢᠯᠡ ᠳᠠ᠃ ᠬᠥᠮᠦᠨ ᠦ᠌ ᠯᠡ ᠮᠢᠬ᠎ᠠ ᠴᠢᠰᠤ ᠢᠳᠡᠵᠦ ᠪᠠᠢᠪᠠᠯ ᠵᠢᠷᠭᠠᠬᠤ ᠲᠡᠢᠮᠦ ᠤᠯᠤᠰ ᠢ᠋ ᠠᠯᠲᠠᠨ ᠳᠡᠯᠡᠬᠡᠢ ᠶᠠᠭᠠᠬᠢᠵᠤ ᠡᠷᠭᠦᠵᠦ ᠪᠠᠢᠳᠠᠭ ᠶᠤᠮ ᠪᠣᠯ? ᠬᠠᠷᠠᠴᠤ ᠠᠯᠪᠠᠲᠤ ᠬᠥᠮᠦᠨ ᠳ᠋ᠦ᠍ ᠠᠵᠤ ᠲᠥᠷᠥᠬᠦ ᠨᠢ ᠵᠢᠯ ᠢᠷᠡᠬᠦ ᠳᠤᠰᠤᠮ᠎ᠠ ᠪᠠᠬᠠᠨ ᠬᠡᠴᠡᠭᠦᠳᠡᠵᠦ ᠪᠠᠢᠭ᠎ᠠ ᠰᠢᠪ ᠳᠡ᠃ ᠡᠨᠡ ᠴᠢᠨᠢ ᠴᠣᠬᠣᠮ ᠶᠠᠮᠠᠷ ᠤᠴᠢᠷ ᠲᠠᠢ ᠶᠤᠮ ᠪᠣᠯ? ᠭᠡᠵᠦ ᠬᠡᠭᠡᠷ᠎ᠡ ᠪᠣᠷᠣ ᠵᠢᠷᠮᠡᠢᠵᠦ ᠬᠠᠷᠠᠭᠠᠳ᠂ ᠰᠢᠷᠴᠢᠨ ᠦ᠌ ᠬᠠᠷᠢᠭᠤ ᠬᠡᠯᠡᠬᠦ ᠶ᠋ᠢ ᠦᠯᠦ ᠬᠦᠯᠢᠶᠡᠨ ᠥᠭᠦᠯᠡᠷᠦᠨ᠂  
       — ᠠᠮᠢᠲᠠᠨ ᠢ᠋ ᠠᠯᠪᠠᠨ ᠲᠠᠲᠠᠪᠤᠷᠢ ᠪᠠᠷ ᠳᠠᠷᠤᠵᠤ ᠭᠦᠢᠴᠡᠭᠡᠯ᠎ᠡ ᠰᠢᠦ᠃ ᠲᠡᠷᠡ ᠶᠡᠬᠡ ᠠᠯᠪᠠᠨ ᠲᠠᠲᠠᠪᠤᠷᠢ ᠶ᠋ᠢ ᠭᠤᠪᠴᠢᠵᠤ ᠭᠤᠪᠴᠢᠵᠤ᠂ ᠬᠠᠮᠢᠭᠠᠰᠢ ᠬᠢᠳᠡᠭ ᠶᠦᠮ ᠪᠣᠢ? ᠮᠠᠨᠵᠤ ᠨᠠᠷ ᠲᠤ᠌ ᠲᠤᠰᠢᠶᠠᠳᠠᠭ ᠭᠡᠬᠦ ᠳ᠋ᠦ᠍᠂ ᠮᠠᠨᠵᠤ ᠨᠠᠷ ᠢ᠋ ᠪᠢᠳᠡ ᠬᠥᠭᠡᠭᠡᠵᠦ ᠵᠠᠢᠯᠠᠭᠤᠯᠤᠭᠰᠠᠨ ᠭᠡᠳᠡᠭ ᠪᠢᠵᠡ ᠳᠡ᠃ ᠲᠡᠭᠡᠬᠦ ᠳ᠋ᠡᠭᠡᠨ ᠠᠷᠠᠳ ᠣᠯᠠᠨ ᠠ᠋ᠴᠠ ᠲᠠᠲᠠᠭᠰᠠᠨ ᠲᠡᠷᠡ ᠶᠡᠬᠡ ᠬᠥᠷᠥᠩᠭᠡ ᠮᠥᠩᠭᠥ ᠮᠠᠨᠠᠢ ᠨᠣᠶᠠᠳ ᠳᠡᠭᠡᠳᠦᠰ ᠲᠦ᠍ ᠯᠡ ᠣᠴᠢᠵᠤ᠂ ᠲᠡᠳᠡᠨ ᠦ᠌ ᠵᠢᠷᠭᠠᠬᠤ ᠨᠠᠷᠭᠢᠬᠤ ᠶᠠᠭᠤᠮ᠎ᠠ ᠪᠣᠯᠳᠠᠭ ᠶᠤᠮ ᠤᠤ ᠳᠠ? ᠨᠣᠶᠠᠳ ᠳᠡᠭᠡᠳᠦᠰ ᠮᠠᠨᠢ ᠠᠷᠠᠳ ᠣᠯᠠᠨ ᠠ᠋ᠴᠠ ᠠᠪᠬᠤ ᠳ᠋ᠠᠭᠠᠨ ᠠᠯᠲᠠ ᠳᠡᠯᠢᠮ ᠭᠠᠷ ᠲᠠᠢ᠂ ᠥᠭᠬᠦ ᠪᠣᠯᠬᠤ ᠳ᠋ᠠᠭᠠᠨ ᠪᠠᠩᠵᠠ ᠱᠠᠬᠠᠢ ᠯᠠ ᠪᠢᠳᠡᠨ ᠳ᠋ᠡᠭᠡᠨ ᠥᠭᠳᠡᠭ ᠪᠣᠯᠵᠤ ᠪᠠᠢᠨᠠᠤ ᠳᠠ? ᠲᠡᠢᠮᠦ ᠪᠣᠯᠪᠠᠯ ᠴᠤ᠌ ᠡᠨᠡ ᠤᠯᠤᠰ ᠮᠠᠨᠢ ᠠᠷᠠᠳ ᠤ᠋ᠨ ᠤᠯᠤᠰ ᠪᠢᠰᠢ᠂ ᠨᠣᠶᠠᠳ ᠤ᠋ᠨ ᠤᠯᠤᠰ ᠪᠣᠯᠤᠭᠰᠠᠨ ᠪᠢᠵᠡ ᠳᠡ? ᠴᠢ ᠮᠢᠨᠢ ᠲᠡᠢᠨ ᠬᠢᠬᠦ ᠳ᠋ᠡᠭᠡᠨ᠂ ᠨᠣᠶᠠᠳ ᠤ᠋ᠨ ᠵᠢᠷᠭᠠᠯ ᠤ᠋ᠨ ᠲᠥᠯᠥᠭᠡ ᠲᠡᠢᠨ ᠬᠢᠭᠰᠡᠨ ᠪᠣᠯᠬᠤ ᠨᠢ ᠤᠤ᠂ ᠦᠭᠡᠢ ᠤᠤ᠂ ᠰᠢᠷᠴᠢᠨ ᠮᠢᠨᠢ? ᠭᠡᠬᠦ ᠳ᠋ᠦ᠍ᠨᠢ᠂ ᠰᠢᠷᠴᠢᠨ᠂ ᠲᠡᠷᠡ ᠤᠩᠭᠠᠰᠤ ᠰᠠᠪᠠᠭᠴᠢ ᠡᠭᠡᠯ ᠡᠪᠦᠭᠡᠨ ᠦ᠌ ᠬᠠᠷ᠎ᠠ ᠤᠬᠠᠭᠠᠨ ᠢ᠋ᠶ᠋ᠠᠷ ᠪᠦᠳᠦᠭᠦᠨ ᠡᠪᠡᠰᠦ ᠪᠠᠭᠲᠠᠮ᠎ᠠ ᠦᠭᠡᠢ ᠨᠠᠷᠢᠨ ᠪᠣᠳᠣᠵᠤ ᠰᠡᠳᠬᠢᠭᠰᠡᠨ ᠳ᠋ᠦ᠍ ᠭᠠᠢᠬᠠᠨ᠂ 
       — ᠦᠨᠡᠬᠡᠷ ᠲᠡᠢᠮᠦ ᠪᠠᠢᠨ᠎ᠠ ᠰᠢᠦ ᠭᠡᠪᠡᠯ᠂  
       — ᠪᠢ᠂ ᠯᠣᠣᠵᠠᠩ ᠠᠪᠤᠭᠠᠢ ᠠ᠋ᠴᠠ ᠮᠠᠨᠠᠢ ᠲᠥᠷᠥ ᠶ᠋ᠢᠨ ᠴᠠᠭ ᠠᠷᠠᠢ ᠪᠣᠯᠤᠭᠠᠳᠤᠢ ᠭᠡᠵᠦ ᠰᠣᠨᠣᠰᠤᠭᠰᠠᠨ᠃ ᠲᠡᠷᠡ ᠡᠪᠦᠭᠡᠨ ᠳᠡᠮᠡᠢ ᠶᠠᠭᠤᠮ᠎ᠠ ᠬᠡᠯᠡᠬᠦ ᠦᠭᠡᠢ᠂ ᠰᠦᠷᠡᠬᠡᠢ ᠰᠡᠴᠡᠨ ᠬᠡᠷᠰᠡᠦ ᠬᠥᠮᠦᠨ ᠰᠢᠦ᠃ ᠶᠣᠰᠣᠲᠠᠢ ᠮᠠᠨᠠᠢ ᠮᠣᠩᠭᠣᠯ ᠤᠯᠤᠰ ᠲᠥᠷᠥ ᠲᠣᠭᠲᠠᠬᠤ ᠳ᠋ᠤ᠌ ᠂ ᠠᠷᠠᠳ ᠠᠮᠢᠲᠠᠨ ᠵᠢᠷᠭᠠᠬᠤ ᠴᠠᠭ ᠢ᠋ᠶ᠋ᠠᠨ ᠦᠵᠡᠬᠦ ᠪᠣᠯᠤᠨ᠎ᠠ ᠭᠡᠵᠦ ᠰᠡᠴᠡᠳ ᠮᠡᠷᠭᠡᠳ ᠬᠡᠯᠡᠯᠴᠡᠳᠡᠭ ᠪᠠᠢᠨ᠎ᠠ ᠰᠢᠦ᠃ ᠮᠠᠨᠠᠢ ᠪᠣᠭᠳᠠ ᠶ᠋ᠢ ᠬᠠᠭᠠᠨ ᠰᠢᠷᠡᠭᠡᠨ ᠳ᠋ᠦ᠍ ᠵᠠᠯᠠᠬᠤ ᠳ᠋ᠤ᠌ ᠲᠡᠦᠬᠡ ᠮᠡᠳᠡᠳᠡᠭ ᠤᠯᠤᠰ᠂ ᠡᠨᠡ ᠤᠯᠤᠰ ᠲᠥᠷᠥ ᠮᠠᠨᠢ ᠶᠣᠰᠣᠲᠠᠢ ᠮᠣᠩᠭᠣᠯ ᠤ᠋ᠨ ᠲᠤᠰᠠᠭᠠᠷ ᠲᠣᠭᠲᠠᠭᠰᠠᠨ ᠤᠯᠤᠰ ᠪᠣᠯᠬᠤ ᠨᠢ ᠤᠤ᠂ ᠦᠭᠡᠢ ᠤᠤ ᠭᠡᠵᠦ ᠰᠢᠯᠭᠠᠵᠤ ᠦᠵᠡᠭᠰᠡᠨ ᠶᠦᠮ ᠪᠠᠢᠵᠠᠢ᠃ 
       — ᠶᠠᠭᠤ ᠭᠡᠵᠦ ᠰᠢᠯᠭᠠᠷᠠᠵᠤ ᠪᠣᠢ ᠭᠡᠵᠦ ᠰᠢᠷᠴᠢᠨ ᠦ᠌ ᠰᠣᠨᠢᠷᠬᠠᠵᠤ ᠠᠰᠠᠭᠤᠬᠤ ᠳ᠋ᠤ᠌᠂ 
       — ᠡᠨᠡ ᠠᠦ᠋ᠲ᠋ᠣᠨᠣᠮᠢᠲ ᠤᠯᠤᠰ ᠮᠠᠨᠢ ᠶᠣᠰᠣᠲᠠᠢ ᠤᠯᠤᠰ ᠪᠢᠰᠢ᠂ ᠮᠠᠨᠠᠢ ᠴᠤ᠌ ᠤᠯᠤᠰ ᠪᠢᠰᠢ ᠪᠠᠢᠵᠤ ᠭᠡᠨ᠎ᠡ ᠳᠡ᠃ ᠵᠦᠢᠯ ᠵᠦᠢᠯ ᠦ᠋ᠨ ᠪᠠᠢᠳᠠᠯ ᠢ᠋ ᠦᠵᠡᠬᠦ ᠳ᠋ᠦ᠍ ᠠᠷᠭ᠎ᠠ ᠦᠭᠡᠢ ᠲᠡᠢᠮᠦ ᠪᠣᠯᠬᠤ ᠰᠢᠨᠵᠢ ᠢᠯᠡᠷᠬᠡᠢ ᠪᠠᠢᠨ᠎ᠠ ᠰᠢᠦ ᠭᠡᠳ ᠬᠡᠭᠡᠷ᠎ᠡ ᠶ᠋ᠢᠨ ᠪᠣᠷᠣ᠂ ᠲᠠᠮᠠᠬᠢ ᠪᠠᠨ ᠨᠡᠷᠡᠵᠦ ᠥᠭᠦᠯᠡᠷᠦᠨ᠂ 
       — ᠬᠦᠷᠢᠶᠡᠨ ᠳ᠋ᠦ᠍ ᠴᠣᠢᠵᠣᠩ ᠯᠠᠮᠠ ᠶ᠋ᠢᠨ ᠰᠦᠮ᠎ᠡ ᠶ᠋ᠢᠨ ᠵᠡᠭᠦᠨ ᠬᠣᠢᠨ᠎ᠠ᠂ ᠬᠥᠮᠦᠨ ᠴᠢᠯᠠᠭᠤ ᠲᠠᠢ ᠨᠢᠭᠡ ᠬᠢᠷᠭᠢᠰ ᠬᠡᠭᠦᠷ ᠪᠣᠢ᠃ ᠲᠡᠷᠡ ᠬᠥᠮᠦᠨ ᠴᠢᠯᠠᠭᠤ ᠶ᠋ᠢ ᠬᠡᠳᠦᠢᠨ ᠳᠡᠭᠡᠷ᠎ᠡ ᠡᠷᠲᠡ ᠴᠠᠭ ᠲᠤ᠌ ᠳᠠᠢᠰᠤᠨ ᠲᠣᠯᠣᠭᠠᠢ ᠶ᠋ᠢ ᠨᠢ ᠠᠪᠴᠤ᠂ ᠤᠯᠤᠰ ᠮᠣᠩᠭᠣᠯ ᠢ᠋ ᠲᠣᠯᠣᠭᠠᠢ ᠦᠭᠡᠢ ᠪᠣᠯᠵᠤ ᠪᠤᠰᠤᠳ ᠲᠤ᠌ ᠲᠠᠯᠬᠢᠬᠳᠠᠭᠤᠯᠵᠤ ᠪᠠᠢᠬᠤ ᠶ᠋ᠢᠨ ᠪᠡᠯᠭᠡ ᠵᠣᠬᠢᠶᠠᠭᠰᠠᠨ ᠶᠤᠮ ᠭᠡᠨ᠎ᠡ ᠪᠢᠯᠡ᠃ ᠲᠡᠷᠡ ᠬᠥᠮᠦᠨ ᠴᠢᠯᠠᠭᠤ ᠶ᠋ᠢ ᠲᠣᠯᠣᠭᠠᠢ ᠦᠭᠡᠢ ᠪᠠᠢᠭ᠎ᠠ ᠴᠠᠭ ᠲᠤ᠌ ᠮᠣᠩᠭᠣᠯ ᠤᠯᠤᠰ ᠬᠠᠷᠢ ᠶ᠋ᠢᠨ ᠲᠠᠯᠬᠢᠨ ᠳᠣᠣᠷ᠎ᠠ ᠠ᠋ᠴᠠ ᠪᠦᠦ ᠭᠠᠷᠤᠭ᠂ ᠡᠬᠢ ᠲᠣᠯᠣᠭᠠᠢ ᠦᠭᠡᠢ ᠪᠠᠢᠭ ᠭᠡᠵᠦ ᠬᠠᠷᠢᠶᠠᠯ ᠬᠢᠭᠰᠡᠨ ᠶᠦᠮ ᠭᠡᠨ᠎ᠡ ᠪᠢᠯᠡ᠃ ᠲᠡᠭᠡᠭᠡᠳ ᠲᠣᠯᠣᠭᠠᠢ ᠶ᠋ᠢ ᠨᠢ ᠬᠦᠷᠢᠶᠡᠨ ᠡᠴᠡ ᠵᠡᠭᠦᠨ ᠲᠠᠰᠢ(ᠲᠠᠢᠰᠢ) ᠪᠠᠶᠠᠨ ᠳᠠᠪᠠᠭᠠᠨ ᠤ᠋ ᠠᠮᠠ ᠭᠡᠳᠡᠭ ᠭᠠᠵᠠᠷ ᠲᠡᠷᠲᠡᠭᠡ ᠬᠣᠯᠠ ᠠᠪᠠᠴᠢᠵᠤ ᠬᠠᠶᠠᠵᠠᠢ᠃ ᠭᠡᠪᠡᠴᠦ ᠡᠷᠲᠡᠨ ᠦ᠌ ᠲᠡᠷᠡ ᠬᠠᠷᠢᠶᠠᠯ᠂ ᠮᠥᠩᠬᠡ ᠡᠭᠦᠷᠢᠳᠡ ᠬᠠᠷᠢᠶᠠᠯ ᠪᠢᠰᠢ᠃ ᠠᠷᠠᠳ ᠨᠡᠢᠭᠡᠮ ᠢ᠋ᠶ᠋ᠡᠷ ᠤᠯᠤᠰ ᠲᠥᠷᠥ ᠪᠡᠨ ᠪᠣᠰᠬᠠᠨ ᠪᠠᠢᠭᠤᠯᠬᠤ ᠭᠡᠵᠦ ᠨᠢᠭᠡᠨ ᠰᠡᠳᠬᠢᠯ ᠨᠡᠢᠲᠡ ᠶ᠋ᠢᠨ ᠬᠦᠴᠦ ᠪᠡᠷ ᠬᠥᠳᠡᠯᠬᠦ ᠴᠠᠭ ᠲᠤ᠌᠂ ᠲᠡᠷᠡ ᠬᠠᠷᠢᠶᠠᠯ ᠠᠯᠳᠠᠷᠠᠵᠤ ᠬᠦᠴᠦᠨ ᠦᠭᠡᠢ ᠪᠣᠯᠬᠤ ᠶᠤᠮ ᠭᠡᠨ᠎ᠡ ᠪᠢᠯᠡ᠃ ᠲᠡᠷᠡ ᠴᠠᠭ ᠮᠣᠩᠭᠣᠯ ᠤᠯᠤᠰ ᠲᠦᠮᠡᠨ ᠳ᠋ᠦ᠍ ᠠᠷᠠᠳ ᠪᠦᠭᠦᠳᠡ ᠶ᠋ᠢᠨ ᠰᠡᠳᠬᠢᠯ ᠬᠦᠴᠦᠨ ᠢ᠋ ᠨᠢᠭᠡᠳᠬᠡᠵᠦ᠂ ᠮᠣᠩᠭᠣᠯ ᠤ᠋ᠨ ᠲᠦᠭ ᠲᠦᠮᠡᠨ ᠠᠷᠠᠳ ᠤ᠋ᠨ ᠶᠣᠰᠣᠲᠠᠢ ᠲᠥᠷᠥ ᠪᠠᠢᠭᠤᠯᠬᠤ ᠶᠡᠬᠡ ᠪᠠᠭᠠᠲᠤᠷ ᠡᠷ᠎ᠡ ᠪᠣᠢ ᠪᠣᠯᠤᠭᠰᠠᠨ ᠢ᠋ ᠦᠵᠡᠭᠦᠯᠵᠦ᠂ ᠲᠡᠷᠡ ᠲᠠᠰᠤ ᠴᠠᠪᠴᠢᠭᠰᠠᠨ ᠴᠢᠯᠠᠭᠤᠨ ᠲᠣᠯᠣᠭᠠᠢ᠂ ᠴᠢᠯᠠᠭᠤᠨ ᠪᠡᠶ᠎ᠡ ᠳ᠋ᠡᠭᠡᠨ( ᠳ᠋ᠦ᠍ ᠪᠡᠨ) ᠵᠠᠯᠭᠠᠯᠳᠤᠨ ᠨᠠᠭᠠᠯᠳᠤᠬᠤ ᠲᠡᠦᠬᠡ ᠲᠡᠢ ᠶᠦᠮ ᠭᠡᠨ᠎ᠡ ᠪᠢᠯᠡ᠃ 
       ᠮᠠᠨᠠᠢᠬᠢᠨ(ᠮᠠᠨ ᠤ᠋ ᠬᠢᠨ) ᠢ᠋ ᠮᠠᠨᠵᠤ ᠠᠮᠪᠠᠨ᠂ ᠲᠦᠰᠢᠮᠡᠯ ᠴᠡᠷᠢᠭ ᠢ᠋ ᠶᠡᠬᠡ ᠬᠦᠷᠢᠶᠡᠨ ᠡᠴᠡ ᠬᠥᠭᠡᠭᠡᠨ ᠵᠠᠢᠯᠠᠭᠤᠯᠬᠤ ᠳ᠋ᠤ᠌᠂ ᠬᠣᠶᠠᠷ ᠡᠪᠦᠭᠡᠨ ᠪᠠᠶᠠᠨ ᠳᠠᠪᠠᠭᠠᠨ ᠤ᠋ ᠠᠮᠠᠨ ᠳ᠋ᠤ᠌ ᠣᠴᠢᠵᠤ ᠲᠡᠷᠡ ᠲᠣᠯᠣᠭᠠᠢ ᠶ᠋ᠢ ᠡᠷᠢᠵᠦ ᠣᠯᠤᠭᠠᠳ* ᠴᠠᠭᠠᠭᠴᠢᠨ ᠭᠠᠬᠠᠢ ᠵᠢᠯ ᠦ᠋ᠨ ᠠᠷᠪᠠᠨ ᠨᠢᠭᠡᠨ ᠰᠠᠷ᠎ᠠ ᠶ᠋ᠢᠨ ᠶᠢᠰᠦᠨ ᠦ᠌ ᠶᠠᠭ ᠲᠡᠷᠡ ᠪᠣᠭᠳᠠ ᠶ᠋ᠢ ᠬᠠᠭᠠᠨ ᠰᠢᠷᠡᠭᠡᠨ ᠳ᠋ᠦ᠍ ᠵᠠᠯᠠᠬᠤ ᠡᠳᠦᠷ ᠦ᠋ᠨ ᠮᠣᠷᠢᠨ ᠴᠠᠭ ᠲᠤ᠌ ᠥᠨᠥᠬᠢ ᠬᠥᠮᠦᠨ ᠴᠢᠯᠠᠭᠤᠨ ᠤ᠋ ᠬᠦᠵᠦᠭᠦᠨ ᠳ᠋ᠦ᠍ᠨᠢ(ᠳ᠋ᠦ᠍ ᠨᠢ) ᠲᠠᠭᠠᠷᠠᠭᠤᠯᠵᠤ ᠦᠵᠡᠬᠦ ᠳ᠋ᠦ᠍ ᠶᠠᠭᠠᠬᠢᠵᠤ ᠴᠤ᠌ ᠣᠷᠣᠯᠳᠣᠭᠰᠠᠨ ᠶᠡᠷᠦ ᠲᠡᠷᠡ ᠲᠣᠯᠣᠭᠠᠢ ᠨᠠᠭᠠᠯᠳᠤᠨ ᠲᠠᠭᠠᠷᠠᠵᠤ ᠥᠭᠭᠦᠭᠰᠡᠨ ᠦᠭᠡᠢ᠃ ᠲᠡᠷᠡ ᠬᠣᠶᠠᠷ ᠡᠪᠦᠭᠡᠨ ᠶᠠᠳᠠᠷᠠᠵᠤ ᠴᠥᠬᠥᠭᠡᠳ ᠳᠠᠬᠢᠨ ᠲᠡᠷᠡ ᠲᠣᠯᠣᠭᠠᠢ ᠶ᠋ᠢ ᠪᠠᠶᠠᠨ ᠳᠠᠪᠠᠭᠠᠨ ᠤ᠋ ᠠᠮᠠᠨ ᠳ᠋ᠤ᠌ ᠬᠠᠭᠤᠴᠢᠨ ᠬᠡᠪᠲᠡᠵᠦ ᠪᠠᠢᠭᠰᠠᠨ ᠭᠠᠵᠠᠷ ᠨᠢ ᠲᠠᠯᠪᠢᠭᠠᠳ᠂ ᠡᠨᠡ ᠠᠦ᠋ᠲ᠋ᠣᠨᠣᠮᠢᠲ ᠤᠯᠤᠰ ᠠ᠋ᠴᠠ ᠠᠷᠠᠳ ᠣᠯᠠᠨ ᠳ᠋ᠤ᠌ ᠠᠰᠢᠭ ᠲᠤᠰᠠ ᠭᠣᠷᠢᠳᠠᠬᠤ ᠶᠠᠭᠤᠮ᠎ᠠ ᠦᠭᠡᠢ᠃ ᠮᠠᠨᠠᠢ(ᠮᠠᠨ ᠤ᠋) ᠠᠷᠠᠳ ᠤ᠋ᠨ ᠤᠯᠤᠰ ᠲᠥᠷᠥ ᠪᠢᠰᠢ ᠶᠦᠮ ᠪᠠᠢᠨ᠎ᠠ ᠭᠡᠵᠦ ᠪᠣᠳᠣᠵᠠᠢ᠃  ᠮᠠᠨᠠᠢ (ᠮᠠᠨ ᠤ᠋)ᠠᠷᠠᠳ ᠤ᠋ᠨ ᠲᠥᠷᠥ ᠶ᠋ᠢᠨ ᠴᠠᠭ ᠨᠢ ᠠᠷᠠᠢ ᠪᠣᠯᠤᠭᠠᠳᠤᠢ ᠶᠤᠮ ᠭᠡᠨ᠎ᠡ ᠰᠢᠦ᠃ ᠲᠡᠷᠡ ᠴᠠᠭ ᠵᠠᠪᠠᠯ ᠢᠷᠡᠨ᠎ᠡ᠃ ᠴᠢ ᠮᠢᠨᠦ ᠬᠤᠳᠠᠯᠴᠢ ᠶ᠋ᠢ ᠦᠵᠡᠭᠡᠷᠡᠢ᠃ ᠭᠡᠪᠡᠴᠦ ᠲᠡᠷᠡ ᠴᠠᠭ ᠢᠷᠡᠬᠦ ᠶ᠋ᠢ ᠪᠢᠳᠡ ᠦᠵᠡᠨ᠎ᠡ ᠰᠢᠦ ᠭᠡᠵᠦ ᠬᠡᠭᠡᠷ᠎ᠡ ᠶ᠋ᠢᠨ ᠪᠣᠷᠣ ᠲᠡᠷᠡ ᠴᠠᠭ ᠢᠷᠡᠬᠦ ᠶ᠋ᠢ  ᠶᠡᠬᠡᠯ᠎ᠡ (ᠶᠡᠬᠡ ᠯᠡ )ᠪᠢᠰᠢᠷᠡᠨ ᠢᠲᠡᠭᠡᠵᠦ ᠬᠡᠯᠡᠪᠡᠰᠦ᠂ ᠰᠢᠷᠴᠢᠨ ᠪᠣᠳᠣᠯᠭ᠎ᠠ ᠪᠣᠯᠤᠨ ᠥᠭᠦᠯᠡᠷᠦᠨ᠂ 
       — ᠣᠷᠣᠰ ᠭᠠᠵᠠᠷ ᠠᠷᠠᠳ ᠣᠯᠠᠨ ᠨᠢ ᠴᠠᠭᠠᠨ ᠬᠠᠭᠠᠨ ᠢ᠋ ᠰᠢᠷᠡᠭᠡᠨ ᠡᠴᠡ ᠨᠢ ᠪᠠᠭᠤᠯᠭᠠᠭᠰᠠᠨ ᠭᠡᠨ᠎ᠡ᠃ ᠣᠷᠣᠰ ᠬᠣᠭᠣᠷᠣᠨᠳᠣ ᠪᠠᠨ ᠶᠡᠬᠡᠯ᠎ᠡ (ᠶᠡᠬᠡ ᠯᠡ)ᠲᠡᠢᠨ ᠪᠣᠯᠵᠤ ᠪᠠᠢᠭ᠎ᠠ ᠰᠤᠷᠠᠭ ᠲᠠᠢ᠃ ᠰᠣᠨᠣᠰᠪᠠᠯ᠂ ᠴᠠᠭᠠᠨ ᠣᠷᠣᠰ ᠭᠡᠳᠡᠭ ᠨᠢ ᠴᠠᠭᠠᠨ ᠬᠠᠭᠠᠨ ᠤ᠋ ᠲᠥᠯᠥᠭᠡ ᠵᠢᠳᠬᠦᠵᠦ᠂ ᠤᠯᠠᠭᠠᠨ ᠣᠷᠣᠰ ᠭᠡᠳᠡᠭ ᠨᠢ ᠬᠠᠭᠠᠨ ᠨᠣᠶᠠᠳ ᠤ᠋ᠨ ᠡᠰᠡᠷᠭᠦᠦ ᠲᠡᠮᠡᠴᠡᠳᠡᠭ ᠪᠠᠢᠭ᠎ᠠ ᠶᠤᠮ ᠭᠡᠨ᠎ᠡ᠃ ᠯᠠᠮᠠ ᠶ᠋ᠢᠨ ᠭᠡᠭᠡᠬᠡᠨ(ᠭᠡᠭᠡᠨ) ᠦ᠌ ᠬᠡᠢᠳ ᠲᠦ᠍ ᠪᠢ ᠰᠠᠶᠢᠪᠲᠤᠷ ᠨᠢᠷᠪᠠ ᠯᠠᠮᠪᠠ ᠭᠤᠸᠠᠢ ᠠ᠋ᠴᠠ ᠤᠯᠠᠭᠠᠨ ᠣᠷᠣᠰ ᠭᠡᠵᠦ ᠶᠠᠮᠠᠷ ᠣᠷᠣᠰ ᠪᠠᠢᠳᠠᠭ ᠶᠤᠮ ᠪᠣᠢ ᠭᠡᠵᠦ ᠠᠰᠠᠭᠤᠵᠤ ᠦᠵᠡᠯ᠎ᠡ᠃ ᠲᠡᠷᠡ ᠯᠠᠮᠠ ᠶ᠋ᠢᠨ ᠦᠭᠡ ᠪᠡᠷ ᠪᠣᠯ ᠤᠯᠠᠭᠠᠨ ᠣᠷᠣᠰ ᠭᠡᠵᠦ ᠲᠥᠷᠥ ᠶ᠋ᠢ ᠰᠠᠮᠠᠭᠤᠷᠠᠭᠤᠯᠤᠭᠰᠠᠨ᠂ ᠪᠤᠷᠬᠠᠨ ᠱᠠᠰᠢᠨ ᠢ᠋ ᠲᠡᠷᠰᠯᠡᠭᠰᠡᠨ᠂ ᠡᠬᠡ ᠡᠴᠢᠭᠡ᠂ ᠠᠬ᠎ᠠ ᠵᠠᠬ᠎ᠠ᠂ ᠬᠠᠭᠠᠳ ᠨᠣᠶᠠᠳ ᠳᠡᠭᠡᠳᠦᠰ ᠶᠡᠬᠡᠰ ᠢ᠋ ᠡᠰᠡᠷᠭᠦᠴᠡᠨ ᠳᠠᠢᠰᠤᠩᠨᠠᠳᠠᠭ ᠪᠤᠵᠠᠷ ᠮᠠᠭᠤᠬᠠᠢ ᠤᠯᠤᠰ ᠭᠡᠵᠦ ᠶᠡᠬᠡᠯ᠎ᠡ(ᠶᠡᠬᠡ ᠯᠡ) ᠮᠠᠭᠤ ᠬᠡᠯᠡᠵᠡᠢ᠃ ᠨᠢᠷᠪᠠ ᠶ᠋ᠢᠨ ᠦᠭᠡ ᠪᠡᠷ ᠪᠣᠯ᠂ ᠤᠯᠠᠭᠠᠨ ᠣᠷᠣᠰ ᠰᠢᠭ᠋ ᠮᠠᠭᠤᠬᠠᠢ ᠠᠮᠢᠲᠠᠳ ᠽᠠᠮᠪᠤᠯᠢᠨ(ᠽᠠᠮᠪᠤᠯᠢᠩ ᠽᠠᠮᠪᠤᠯᠢᠭ᠌) ᠲᠤ᠌ ᠪᠠᠢᠬᠤ ᠦᠭᠡᠢ ᠪᠣᠯᠤᠯᠲᠠᠢ᠃ ᠪᠢ ᠨᠢᠷᠪᠠ ᠶ᠋ᠢᠨ ᠲᠡᠷᠡ ᠦᠭᠡ ᠶ᠋ᠢ ᠰᠣᠨᠣᠰᠤᠭᠠᠳ᠂ ᠬᠠᠪᠤᠷ ᠤ᠋ᠨ ᠲᠠᠷᠪᠠᠭ᠎ᠠ ᠠᠩᠨᠠᠲᠠᠯ᠎ᠠ ᠥᠷᠢ ᠲᠥᠯᠥᠪᠦᠷᠢ ᠶ᠋ᠢᠨ ᠬᠤᠭᠤᠴᠠᠭ᠎ᠠ ᠰᠤᠩᠭᠠᠬᠤ ᠭᠡᠵᠦ ᠣᠴᠢᠭᠰᠠᠨ ᠲᠤᠯᠠ ᠶᠡᠷᠦ ᠨᠢᠷᠪᠠ ᠶ᠋ᠢᠨ ᠲᠡᠷᠡ ᠦᠭᠡᠨ ᠦ᠌ ᠬᠠᠷᠢᠭᠤ ᠳ᠋ᠤ᠌ ᠨᠢᠭᠡ ᠴᠦ᠍ ᠦᠭᠡ ᠳᠤᠤᠭᠠᠷᠤᠭᠰᠠᠨ ᠦᠭᠡᠢ ᠥᠩᠭᠡᠷᠡᠭᠦᠯᠦᠭᠰᠡᠨ ᠪᠢᠯᠡ᠃  
       ᠤᠯᠠᠭᠠᠨ ᠣᠷᠣᠰ ᠢ᠋ ᠭᠠᠭᠴᠠ ᠮᠠᠨᠠᠢ ᠯᠠᠮᠠ ᠨᠣᠶᠠᠳ ᠮᠠᠭᠤ ᠬᠡᠯᠡᠳᠡᠭ ᠦᠭᠡᠢ ᠮᠠᠢᠮᠠᠢᠴᠢᠨ ᠣᠷᠣᠰ ᠴᠤ᠌ ᠭᠡᠰᠡᠨ᠂ ᠬᠢᠲᠠᠳ ᠴᠤ᠌ ᠭᠡᠰᠡᠨ᠂ ᠠᠮᠧᠷᠢᠺᠠ ᠴᠤ᠌ ᠭᠡᠰᠡᠨ ᠴᠥᠮ ᠶᠡᠬᠡᠯ᠎ᠡ ᠮᠠᠭᠤ ᠬᠡᠯᠡᠵᠦ ᠪᠠᠢᠳᠠᠭ ᠶᠤᠮ ᠪᠢᠯᠡ᠃ ᠮᠠᠢᠮᠠᠢᠴᠢ ᠨᠠᠷ ᠬᠠᠷ᠎ᠠ ᠠᠮᠢ ᠪᠠᠨ ᠪᠣᠳᠣᠵᠤ᠂ ᠠᠰᠢᠭ ᠬᠣᠨᠵᠢᠶ᠎ᠠ ᠶ᠋ᠢᠨ ᠬᠣᠢᠨ᠎ᠠ ᠠ᠋ᠴᠠ ᠦᠬᠦᠵᠦ ᠪᠠᠢᠳᠠᠭ ᠢ᠋ᠶ᠋ᠠᠷ ᠨᠢ ᠪᠣᠳᠣᠪᠠᠯ᠂ ᠠᠰᠢᠭ ᠵᠠᠪᠰᠢᠶᠠᠨ ᠢ᠋ᠶ᠋ᠠᠨ ᠪᠣᠳᠣᠵᠤ᠂ ᠤᠯᠠᠭᠠᠨ ᠣᠷᠣᠰ ᠤ᠋ᠨ ᠨᠡᠷ᠎ᠡ ᠶ᠋ᠢ ᠴᠦ᠍ ᠰᠣᠨᠣᠰᠬᠤ ᠳ᠋ᠠᠭᠠᠨ ᠦᠰᠦ ᠲᠡᠢ ᠲᠣᠯᠣᠭᠠᠢ ᠨᠢ ᠠᠷᠵᠠᠢᠳᠠᠭ ᠢ᠋ ᠪᠣᠳᠣᠪᠠᠯ ᠤᠯᠠᠭᠠᠨ ᠣᠷᠣᠰ᠂ ᠲᠡᠷᠡ ᠬᠣᠪᠳᠣᠭ ᠰᠢᠨᠤᠬᠠᠢ ᠮᠠᠢᠮᠠᠢᠴᠢ ᠨᠠᠷ ᠤ᠋ᠨ ᠳᠤᠷ᠎ᠠ ᠪᠠᠷ ᠠᠮᠢᠲᠠᠨ ᠢ᠋ ᠮᠥᠯᠵᠢᠭᠦᠯᠬᠦ ᠦᠭᠡᠢ ᠤᠯᠤᠰ ᠪᠣᠯᠪᠠᠤ᠃ ᠮᠢᠨᠦ ᠪᠣᠳᠣᠬᠤ ᠳ᠋ᠤ᠌᠂ ᠸᠠᠩ ᠬᠦᠩ ᠨᠣᠶᠠᠳ ᠮᠠᠢᠮᠠᠢᠴᠢ ᠨᠠᠷ ᠤ᠋ᠨ ᠲᠠᠴᠢᠶᠠᠳᠠᠨ ᠬᠣᠷᠣᠰᠴᠤ ᠪᠠᠢᠭ᠎ᠠ ᠶ᠋ᠢ ᠦᠵᠡᠪᠡᠯ᠂ ᠤᠯᠠᠭᠠᠨᠲᠠᠨ ᠯᠠᠪ ᠬᠠᠷᠠᠵᠤ ᠠᠷᠠᠳ ᠤ᠋ᠨ ᠠᠰᠢᠭ ᠲᠤᠰᠠ ᠶ᠋ᠢ ᠬᠠᠮᠠᠭᠠᠯᠠᠵᠤ ᠪᠠᠢᠭ᠎ᠠ ᠪᠠᠢᠬᠤ ᠭᠡᠵᠦ ᠬᠡᠯᠡᠭᠡᠳ ᠰᠢᠷᠴᠢᠨ᠂ ᠭᠠᠯ ᠳ᠋ᠤ᠌ ᠠᠷᠭᠠᠯ ᠨᠡᠮᠡᠵᠦ ᠬᠢᠭᠡᠳ ᠪᠣᠳᠣᠯᠭ᠎ᠠ ᠪᠣᠯᠵᠤ᠂ ᠴᠢᠮᠡᠭᠡ ᠦᠭᠡᠢ ᠨᠠᠮ ᠭᠦᠮ ᠪᠣᠯᠪᠠ᠃ ᠰᠥᠨᠢ ᠶ᠋ᠢᠨ ᠣᠭᠲᠠᠷᠭᠤᠢ ᠳ᠋ᠤ᠌ ᠬᠣᠯᠠᠬᠢᠨ᠎ᠠ ᠵᠡᠷᠯᠢᠭ ᠭᠠᠯᠠᠭᠤᠨ ᠤ᠋ ᠭᠠᠩᠭᠢᠨᠠᠨ ᠳᠤᠤᠭᠠᠷᠬᠤ ᠳᠠᠭᠤᠨ ᠰᠣᠨᠣᠰᠳᠠᠪᠠ᠃  

— — — —  
* ᠬᠥᠮᠥᠨ ᠣᠯᠠᠨ ᠦᠨᠡᠨ ᠶᠣᠰᠣ ᠶᠢ ᠦᠵᠡᠬᠦ ᠪᠣᠯᠪᠠᠤ! ᠭᠡᠵᠡᠢ᠃
*  ᠲᠡᠷᠡ ᠬᠥᠮᠦᠨ ᠴᠢᠯᠠᠭᠤ ᠣᠳᠣ ᠶ᠋ᠢᠨ ᠭᠠᠳᠠᠭᠠᠳᠤ ᠶᠠᠮᠤᠨ ᠤ᠋ ᠬᠠᠪᠢ ᠳ᠋ᠤ᠌ ᠪᠠᠢᠭᠰᠠᠨ᠃( ᠲᠡᠷᠡ ᠲᠣᠯᠣᠭᠠᠢ ᠶ᠋ᠢ ᠠᠺᠠᠳᠧᠮᠢᠴᠢ ᠸᠠᠯᠳ᠌ᠢᠮᠢᠷᠴᠣᠸ1925 ᠣᠨ ᠳ᠋ᠤ᠌ ᠪᠠᠶᠠᠨ ᠳᠠᠪᠠᠭᠠᠨ ᠤ᠋ ᠠᠮᠠᠨ ᠠ᠋ᠴᠠ ᠤᠯᠠᠭᠠᠨᠪᠠᠭᠠᠲᠤᠷ ᠲᠤ᠌  ᠠᠪᠴᠢᠷᠠᠭᠰᠠᠨ ᠢ᠋ ᠮᠦᠽᠧᠢ ᠳ᠋ᠦ᠍ ᠲᠠᠯᠪᠢᠵᠠᠢ)  

         ᠦᠰᠦᠭ ᠠᠮᠢᠯᠠᠭᠤᠯᠤᠭᠴᠢ᠄ ᠬᠡᠷᠡᠢᠳ· ᠵᠣᠯ᠂ ᠣᠶᠤᠨᠪᠢᠯᠢᠭ᠌᠂ ᠣᠢ᠌ᠢᠭᠤᠷᠵᠢᠨ· ᠣᠳᠬᠣᠨᠪᠠᠪᠠ ᠂ ᠣᠶᠤᠨᠪᠠᠲᠤ᠂ ᠲᠠᠪᠤᠨ ᠤᠰᠤ
              ᠬᠢᠨᠠᠭᠴᠢ᠄ ᠣᠶᠤᠨᠪᠠᠲᠤ᠂ ᠲ· ᠬᠦᠮᠦᠵᠢᠯᠲᠦ᠂ ᠣᠳᠬᠣᠨᠴᠡᠴᠡᠭ᠂ ᠣᠢ᠌ᠢᠭᠤᠷᠵᠢᠨ· ᠣᠳᠬᠣᠨᠪᠠᠪᠠ ᠂ ᠪᠠᠯ  
              ᠤᠩᠰᠢᠭᠴᠢ᠄ ᠨᠠᠰᠤᠨ᠌ᠦ᠌ᠯᠵᠡᠢ