ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠭᠤᠷᠪᠠ> Хан мунын сүүрс < доорд > – Мөнх зохиоов ᠂ Гутгаар бодь – Гуравдугаар бүлэг <3> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠭᠤᠷᠪᠠ> Хан мунын сүүрс < доорд > – Мөнх зохиоов ᠂ Гутгаар бодь – Гуравдугаар бүлэг <3>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠭᠤᠷᠪᠠ> Хан мунын сүүрс < доорд > – Мөнх зохиоов ᠂ Гутгаар бодь – Гуравдугаар бүлэг <3>

ᠠᠩᠭᠢᠯᠠᠯ:ᠲᠤᠭᠤᠵᠢ ᠷᠣᠮᠠᠨ
2025-02-11

344

ᠭᠤᠲᠠᠭᠠᠷ ᠪᠣᠲᠢ – ᠭᠤᠷᠪᠠᠳᠤᠭᠠᠷ ᠪᠦᠯᠦᠭ <ᠭᠤᠷᠪᠠ>


                 ᠭᠤᠷᠪᠠ   

       ᠬᠠᠷᠠᠵᠤ ᠪᠠᠢᠲᠠᠯ᠎ᠠ ᠰᠠᠯᠬᠢ ᠡᠷᠭᠢᠵᠦ᠂ ᠪᠠᠭ᠎ᠠ ᠬᠠᠲᠤᠨ ᠬᠠᠩᠬᠠᠲᠠᠢ ᠶ᠋ᠢᠨ ᠲᠡᠷᠲᠡᠭᠡ ᠡᠴᠡ ᠪᠠᠷᠠᠭᠤᠨ ᠬᠦᠩ ᠳ᠋ᠡᠭᠡᠨ ᠪᠤᠴᠠᠵᠤ ᠢᠷᠡᠨ ᠵᠠᠰᠠᠭ ᠲᠠᠮᠠᠭ᠎ᠠ ᠪᠠᠨ ᠠᠳᠬᠤᠵᠤ ᠠᠮᠤᠷᠰᠠᠨᠠᠭ᠎ᠠ᠂ ᠡᠯᠳᠡᠩᠭᠡ᠂ ᠵᠤᠳᠪᠠ ᠨᠠᠷ ᠢ᠋ ᠭᠡᠷ ᠭᠡᠷ ᠲᠦ᠋ᠨᠢ ᠬᠠᠷᠢᠭᠤᠯᠪᠠ ᠭᠡᠳᠡᠭ ᠴᠢᠮᠡᠭᠡ ᠳᠠᠮ ᠳᠠᠮ ᠳᠠᠯᠠᠪᠴᠢ ᠤᠷᠭᠤᠭᠰᠠᠨ ᠰᠢᠭ᠋ ᠴᠣᠭᠪᠠᠭᠠᠲᠤᠷ ᠤ᠋ᠨ ᠰᠣᠨᠣᠷ ᠲᠤ ᠳᠤᠭᠤᠯᠳᠠᠪᠠ᠃  
       ᠰᠢᠷ᠎ᠠ ᠴᠡᠷᠢᠭ ᠦ᠋ᠨ ᠥᠮᠥᠭ ᠰᠦᠷ ᠲᠦ᠍ ᠡᠴᠢᠭᠡ ᠳ᠋ᠦ᠍ ᠮᠢᠨᠢ ᠬᠢᠯᠢᠰ ᠨᠥᠮᠥᠷᠥᠭᠦᠯᠵᠦ ᠴᠦᠯᠡᠯᠭᠡ ᠳ᠋ᠦ᠍ ᠶᠠᠪᠤᠭᠤᠯᠤᠭᠰᠠᠨ ᠡᠯᠳᠡᠩᠭᠡ ᠡᠴᠡ ᠬᠠᠷᠢᠭᠤ ᠠᠪᠬᠤ ᠴᠠᠭ ᠪᠣᠯᠵᠠᠢ ᠭᠡᠵᠦ ᠴᠣᠭᠪᠠᠭᠠᠲᠤᠷ ᠪᠠᠭ᠎ᠠ ᠬᠠᠲᠤᠨ ᠢ᠋ ᠲᠦᠰᠢᠷ᠎ᠡ ᠣᠴᠢᠪᠠ᠃ 
       ᠪᠠᠭ᠎ᠠ ᠬᠠᠲᠤᠨ᠂ ᠴᠣᠭᠪᠠᠭᠠᠲᠤᠷ ᠤ᠋ᠨ ᠵᠢᠷᠠ ᠳᠠᠯᠠᠭᠠᠳ ᠨᠤᠲᠤᠭ ᠤ᠋ᠨ ᠴᠡᠷᠢᠭ ᠲᠡᠢ ᠪᠡᠨ ᠲᠡᠭᠦᠨ ᠢ᠋ ᠲᠦᠰᠢᠷ᠎ᠡ ᠢᠷᠡᠭᠰᠡᠨ ᠳ᠋ᠦ᠍ ᠰᠡᠳᠬᠢᠯ ᠤᠶᠠᠰᠴᠤ ᠬᠦᠯᠢᠶᠡᠵᠦ ᠠᠪᠤᠭᠰᠠᠨ ᠪᠣᠯᠪᠠᠴᠤ ᠲᠡᠭᠦᠨ ᠦ᠌ ᠲᠤᠬᠠᠢ ᠬᠠᠵᠠᠭᠠᠢ ᠰᠣᠨᠣᠰᠬᠠᠯ ᠤ᠋ᠳ ᠪᠤᠵᠢᠭᠢᠨᠠᠨ ᠬᠡᠢᠰᠴᠦ《ᠡᠨᠡ ᠬᠥᠮᠦᠨ ᠦ᠌ ᠣᠪᠣᠷ ᠰᠤᠷᠲᠠᠯ ᠬᠠᠷᠭᠢᠰ ᠳᠡᠭᠡᠷᠡᠩᠭᠦᠢ᠂ ᠤᠯᠠᠭᠠᠨ ᠢ᠋ ᠦᠵᠡᠪᠡᠯ ᠤᠷᠪᠠᠵᠤ᠂ ᠰᠢᠷ᠎ᠠ ᠶ᠋ᠢ ᠦᠵᠡᠪᠡᠯ ᠰᠢᠷᠪᠠᠳᠠᠭ ᠬᠣᠲᠣᠷᠭ᠎ᠠ ᠮᠠᠭᠤᠲᠠᠢ ᠬᠥᠮᠦᠨ》 ᠭᠡᠳᠡᠭ ᠢ᠋ ᠨᠢᠭᠡ ᠪᠢᠰᠢ ᠣᠯᠠᠨ ᠲᠤᠭᠤᠯᠤᠭᠰᠠᠨ᠃ ᠲᠡᠭᠦᠨ ᠦ᠌ ᠭᠠᠷ ᠳᠣᠣᠷᠠᠬᠢ ᠴᠡᠷᠢᠭ ᠦ᠋ᠳ ᠦ᠋ᠨ ᠵᠠᠩ ᠰᠤᠷᠲᠠᠯ ᠨᠠᠵᠠᠭᠠᠢ ᠰᠠᠯᠠᠩ᠂ ᠣᠯᠠᠩᠬᠢ ᠨᠢ ᠬᠠᠭᠤᠴᠢᠨ ᠳᠡᠭᠡᠷᠡᠮ ᠦ᠋ᠨ ᠲᠦᠷᠦᠭᠦᠦ ᠨᠦ᠍ᠭᠦᠳ ᠢ᠋ᠶ᠋ᠡᠷ ᠪᠦᠷᠢᠯᠳᠦᠭᠰᠡᠨ ᠪᠣᠯᠬᠣᠷ ᠰᠠᠨᠠᠭᠠᠨ ᠳ᠋ᠤ᠌ ᠳᠦᠰᠢᠭ ᠪᠣᠯᠬᠤ ᠦᠭᠡᠢ》 ᠭᠡᠳᠡᠭ ᠪᠣᠳᠣᠯ ᠴᠠᠭᠠᠨ᠎ᠠ ᠠ᠋ᠴᠠ ᠶᠠᠭᠠᠬᠢᠵᠤ ᠠᠷᠭ᠎ᠠ ᠦᠭᠡᠢ ᠣᠷᠣᠵᠤ ᠢᠷᠡᠪᠡ᠃ ᠲᠡᠭᠡᠪᠡᠴᠦ ᠡᠨᠡ ᠬᠥᠮᠦᠨ ᠦ᠌ ᠡᠭᠳᠡᠭᠦᠦ ᠶ᠋ᠢ ᠨᠢ ᠬᠥᠳᠡᠯᠭᠡᠵᠦ᠂ ᠲᠠᠭᠠᠷᠢ ᠶᠠᠷ᠎ᠠ ᠶ᠋ᠢ ᠨᠢ ᠮᠠᠭᠠᠵᠢᠵᠤ ᠦᠯᠦ ᠪᠣᠯᠤᠨ᠎ᠠ᠃ ᠴᠣᠭᠪᠠᠭᠠᠲᠤᠷ ᠬᠥᠳᠥᠰᠥ ᠪᠡᠨ ᠤᠷᠪᠠᠭᠤᠯᠵᠤ᠂ ᠬᠥᠷᠥᠰᠥ ᠪᠡᠨ ᠡᠷᠭᠢᠭᠦᠯᠦᠭᠰᠡᠭᠡᠷ ᠴᠦ᠍ ᠶᠠᠭᠤ ᠴᠦ᠍ ᠬᠢᠵᠦ ᠮᠡᠳᠡᠬᠦ ᠭᠠᠯᠵᠠᠭᠤ ᠡᠷ᠎ᠡ ᠰᠢᠦ! ᠲᠡᠭᠡᠪᠡᠴᠦ ᠪᠠᠭ᠎ᠠ ᠬᠠᠲᠤᠨ ᠬᠠᠭᠤᠴᠢᠨ ᠲᠤᠰᠠᠯᠠᠭᠴᠢ ᠪᠠ ᠮᠠᠨᠣᠨᠪᠠᠳᠮ᠎ᠠ ᠬᠥᠭᠰᠢᠨ ᠦ᠌ ᠠᠴᠢ ᠭᠠᠪᠢᠶ᠎ᠠ ᠶ᠋ᠢ ᠰᠠᠨᠠᠵᠤ ᠴᠣᠭᠪᠠᠭᠠᠲᠤᠷ ᠤ᠋ᠨ ᠥᠨᠥᠳᠥᠷ ᠬᠣᠰᠢᠭᠤ ᠨᠤᠲᠤᠭ ᠤ᠋ᠨ ᠢ᠋ᠶ᠋ᠠᠨ ᠲᠥᠯᠥᠭᠡ ᠦᠯᠡᠮᠵᠢ ᠣᠯᠠᠨ ᠴᠡᠷᠢᠭ ᠡᠷ᠎ᠡ ᠵᠣᠬᠢᠶᠠᠨ ᠪᠠᠢᠭᠤᠯᠵᠤ᠂ ᠬᠣᠰᠢᠭᠤ ᠨᠤᠲᠤᠭ ᠲᠠᠭᠠᠨ ᠬᠦᠴᠦ ᠪᠡᠨ ᠡᠷᠭᠦᠬᠦ ᠪᠡᠷ ᠢᠷᠡᠭᠰᠡᠨ ᠢ᠋ ᠦᠨᠡᠯᠡᠨ ᠮᠠᠭᠲᠠᠵᠤ᠂ ᠪᠠᠷᠠᠭᠤᠨ ᠬᠦᠩ ᠦ᠋ᠨ ᠠᠮᠤᠷ ᠢ᠋ ᠬᠠᠮᠠᠭᠠᠯᠠᠬᠤ ᠴᠡᠷᠢᠭ ᠦ᠋ᠨ ᠯᠢᠶᠠᠨᠵᠠᠩ ᠤ᠋ᠨ ᠲᠤᠰᠢᠶᠠᠯ ᠥᠭᠴᠦ᠂ ᠴᠡᠷᠢᠭ ᠵᠡᠪᠰᠡᠭ ᠢ᠋ ᠨᠢ ᠴᠡᠭᠴᠡᠯᠡᠪᠡ᠃ 
      《ᠡᠨᠡᠬᠡᠨ ᠬᠢᠷᠢ ᠶ᠋ᠢᠨ ᠵᠡᠷᠭᠡ ᠳ᠋ᠦ᠍ ᠴᠢᠨᠢ ᠳᠤᠷᠠᠯᠠᠵᠤ ᠢᠷᠡᠪᠡ ᠤᠤ ᠪᠢ⁈ ᠡᠷᠡᠬᠡᠢ ᠴᠢᠨᠡᠭᠡᠨ ᠯᠢᠶᠠᠨᠵᠠᠩ ᠤ᠋ᠨ ᠮᠠᠭᠤ ᠨᠡᠷ᠎ᠡ ᠵᠡᠭᠦᠯᠭᠡᠬᠦ ᠶ᠋ᠢ ᠴᠢᠨᠢ ᠮᠡᠳᠡᠭᠰᠡᠨ ᠪᠣᠯ ᠪᠢ ᠡᠴᠢᠭᠡ ᠪᠡᠨ ᠬᠢᠵᠦ ᠴᠢᠮᠠᠶ᠋ᠢ ᠲᠦᠰᠢᠪᠡ?》 ᠭᠡᠵᠦ ᠳᠤᠷ᠎ᠠ ᠦᠭᠡᠢᠴᠡᠨ ᠴᠡᠷᠢᠭ ᠮᠣᠷᠢ ᠪᠠᠨ ᠠᠪᠴᠤ ᠪᠤᠴᠠᠭᠠᠳ ᠶᠠᠪᠤᠴᠢᠬᠠᠮᠠᠷ ᠲᠠᠪᠲᠤᠷ ᠠᠯᠳᠠᠨ᠎ᠠ᠃ ᠲᠡᠭᠦᠨ ᠦ᠌ ᠠᠷᠤ ᠠ᠋ᠴᠠ ᠰᠡᠭᠦᠳᠡᠷ ᠰᠢᠭ ᠳᠠᠭᠠᠵᠤ ᠪᠠᠯᠲᠠᠭᠠᠨᠠᠳᠠᠭ ᠬᠥᠩᠬᠥᠷ ᠵᠠᠮᠪᠠᠯ᠂ ᠴᠣᠭᠪᠠᠭᠠᠲᠤᠷ ᠤ᠋ᠨ ᠣᠭᠵᠣᠮ ᠰᠢᠷᠦᠭᠦᠨ ᠵᠠᠩ ᠢ᠋ ᠮᠡᠳᠡᠬᠦ ᠲᠤᠯᠠ᠄ 
       — ᠱᠣᠤᠶᠧ ᠠ᠋᠂ ᠠᠭᠤᠷ ᠢ᠋ᠶ᠋ᠠᠨ ᠳᠠᠷᠤ! ᠬᠢᠲᠤᠭ᠎ᠠ ᠬᠡᠳᠦᠢ ᠬᠤᠷᠴᠠ ᠴᠤ᠌ ᠤᠷᠤᠰᠬᠠᠯ ᠤᠰᠤ ᠶ᠋ᠢ ᠣᠭᠲᠣᠯᠵᠤ ᠳᠡᠢᠯᠬᠦ ᠦᠭᠡᠢ! ᠶᠠᠪᠤᠭᠠᠨ ᠳ᠋ᠠᠭᠠᠨ ᠦᠵᠡᠭᠦᠯᠵᠦ ᠪᠠᠢᠭᠠᠳ ᠥᠨᠳᠡᠢᠨ᠎ᠡ ᠰᠢᠦ! ᠭᠡᠬᠦ ᠳ᠋ᠦ᠍ ᠴᠣᠭᠪᠠᠭᠠᠲᠤᠷ᠄ 
       — ᠴᠠᠭᠠᠰᠢ ᠥᠩᠭᠥᠷᠢᠳᠡ! ᠡᠷᠲᠡ ᠭᠠᠷᠤᠭᠰᠠᠨ ᠬᠦᠦ ᠡᠴᠢᠭᠡ ᠳ᠋ᠡᠭᠡᠨ ᠬᠡᠦᠬᠡᠳ ᠲᠡᠢ ᠪᠣᠯᠬᠤ ᠤᠬᠠᠭᠠᠨ ᠵᠢᠭᠠᠪᠠ ᠭᠡᠭᠴᠢ ᠭᠡᠵᠦ ᠬᠡᠳᠡᠷᠯᠡᠬᠦ ᠪᠣᠯᠪᠠᠴᠤ ᠲᠡᠭᠦᠨ ᠦ᠌ ᠦᠭᠡ ᠶ᠋ᠢ ᠲᠤᠩᠭᠠᠵᠤ ᠪᠣᠳᠣᠨ《ᠲᠥᠷᠥ ᠶ᠋ᠢᠨ ᠬᠠᠲᠠᠭᠤ ᠲᠦᠰᠢᠭ ᠲᠡᠢ ᠪᠠᠭ᠎ᠠ ᠬᠠᠲᠤᠨ ᠤ᠋ ᠡᠮᠦᠨ᠎ᠡ ᠡᠴᠡ ᠪᠢ ᠢᠩᠭᠢᠵᠦ ᠰᠢᠷᠦᠭᠦᠨ ᠬᠠᠷᠠᠭᠠᠳ ᠳᠡᠭᠡᠷᠡᠩᠭᠦᠢᠯᠡᠵᠦ ᠶᠠᠭᠠᠬᠢᠵᠤ ᠪᠣᠯᠬᠤ ᠪᠢᠯᠡ? ᠡᠨᠡ ᠮᠠᠭᠤ ᠬᠥᠩᠬᠥᠷ ᠳᠠᠮᠰᠢᠭ ᠬᠤᠴᠠᠳᠠᠭ ᠨᠢ ᠪᠠᠰᠠ ᠵᠥᠪ ᠶᠦᠮ ᠠ᠋!》 ᠭᠡᠳ《ᠵᠠ᠂ ᠵᠠ! ᠬᠢᠳᠡᠭ ᠶᠠᠭᠤᠮ᠎ᠠ ᠪᠠᠨ ᠬᠢᠵᠡᠭᠡ》 ᠭᠡᠵᠦ ᠴᠠᠭᠠᠳᠤᠬᠢ ᠨᠤᠭᠤᠳ ᠢ᠋ᠶ᠋ᠠᠨ ᠶᠠᠪᠤᠭᠤᠯᠪᠠ᠃  
       ᠴᠣᠭᠪᠠᠭᠠᠲᠤᠷ ᠤ᠋ᠨ ᠪᠠᠷᠠᠭᠤᠨ ᠬᠦᠩ ᠦ᠋ᠨ ᠴᠡᠷᠢᠭ ᠦ᠋ᠨ ᠡᠷᠬᠡ ᠶ᠋ᠢ ᠭᠠᠷ ᠲᠠᠭᠠᠨ ᠣᠷᠣᠭᠤᠯᠵᠤ ᠠᠪᠬᠤ ᠭᠡᠳᠡᠭ ᠵᠡᠷᠯᠢᠭ ᠰᠠᠨᠠᠭ᠎ᠠ ᠵᠢᠷᠮᠦᠰᠦᠯᠡᠭᠡᠳ ᠤᠳᠠᠵᠤ᠂ ᠡᠳᠦᠷ ᠰᠥᠨᠢ ᠶ᠋ᠢᠨ ᠬᠤᠪᠢ ᠳ᠋ᠤ᠌ ᠰᠡᠳᠬᠢᠯ ᠢ᠋ ᠨᠢ ᠵᠣᠪᠠᠭᠠᠵᠤ᠂ ᠰᠠᠨᠠᠭᠠᠨ ᠳ᠋ᠤᠨᠢ ᠬᠦᠷᠴᠦ ᠴᠢᠳᠠᠬᠤ ᠦᠭᠡᠢ ᠪᠠᠢᠭ᠎ᠠ ᠶ᠋ᠢᠨ ᠭᠣᠣᠯ ᠰᠢᠯᠲᠠᠭᠠᠨ ᠢ᠋ ᠥᠪᠡᠷ ᠢ᠋ᠶ᠋ᠡᠨ ᠠᠭᠠᠵᠢᠮ ᠢ᠋ᠶ᠋ᠠᠷ ᠲᠠᠨᠢᠵᠤ ᠮᠡᠳᠡᠪᠡ᠃ 
       ᠲᠡᠷᠡ ᠪᠡᠷ ᠴᠡᠷᠢᠭ ᠮᠣᠷᠢ ᠡᠯᠰᠡᠵᠦ᠂ ᠥᠪᠡᠷ ᠦ᠋ᠨ ᠬᠦᠴᠦ ᠪᠡᠨ ᠪᠤᠵᠠᠭᠠᠢᠷᠠᠭᠤᠯᠵᠤ ᠪᠠᠭ᠎ᠠ ᠬᠠᠲᠤᠨ ᠤ᠋ ᠢᠲᠡᠭᠡᠯ ᠢ᠋ ᠣᠯᠬᠤ ᠨᠢ ᠶᠠᠭᠤᠨ ᠠ᠋ᠴᠠ ᠴᠤ᠌ ᠴᠢᠬᠤᠯᠠ ᠭᠡᠳᠡᠭ ᠢ᠋ ᠰᠤᠪᠢᠵᠤ᠂ ᠳᠣᠣᠷᠠᠬᠢ ᠢᠲᠡᠭᠡᠯᠲᠦ ᠬᠥᠮᠦᠰ ᠢ᠋ᠶ᠋ᠡᠨ ᠳᠠᠢᠴᠢᠯᠠᠨ ᠶᠡᠬᠡ ᠬᠡᠮᠵᠢᠶ᠎ᠡ ᠪᠡᠷ ᠴᠡᠷᠢᠭ ᠮᠣᠷᠢ ᠡᠯᠰᠡᠭᠦᠯᠪᠡ᠃ ᠳᠡᠮᠡᠢ ᠤᠳᠠᠭᠰᠠᠨ ᠦᠭᠡᠢ ᠬᠣᠶᠠᠷ ᠵᠠᠭᠤ ᠭᠠᠷᠤᠢ ᠴᠡᠷᠢᠭ ᠮᠣᠷᠢ ᠲᠠᠢ ᠪᠣᠯᠪᠠ᠃ 
       ᠴᠣᠭᠪᠠᠭᠠᠲᠤᠷ ᠪᠠᠭ᠎ᠠ ᠬᠠᠲᠤᠨ ᠠ᠋ᠴᠠ ᠪᠠᠨ ᠭᠠᠳᠠᠭᠰᠢ ᠳᠣᠲᠣᠭᠰᠢ ᠶᠠᠪᠤᠵᠤ ᠮᠣᠩᠭᠣᠯ ᠬᠢᠲᠠᠳ ᠲᠠᠢ ᠠᠬ᠎ᠠ ᠳᠡᠭᠦᠦ ᠪᠠᠷᠢᠯᠳᠤᠭᠰᠠᠨ ᠢ᠋ ᠬᠡᠯᠡᠬᠦ ᠦᠭᠡᠢ᠃ ᠬᠢᠲᠠᠳ ᠤ᠋ᠨ ᠲᠣᠯᠣᠭᠠᠢ ᠶ᠋ᠢ ᠡᠷᠭᠢᠭᠦᠯᠬᠦ ᠳ᠋ᠦ᠍ ᠴᠦ᠍ ᠴᠢᠳᠠᠮᠠᠭᠠᠢ ᠭᠠᠷ᠃ ᠥᠨᠥᠬᠢ ᠬᠢᠲᠠᠳ ᠠᠬ᠎ᠠ ᠳᠡᠭᠦᠦ ᠨᠠᠷ ᠨᠢ ᠴᠦ᠍ ᠲᠡᠭᠦᠨ ᠢ᠋ ᠪᠣᠷᠪᠢᠳᠠᠵᠤ ᠳᠡᠯᠳᠡᠭᠡᠨᠡᠬᠦ ᠳᠤᠷᠠᠲᠠᠢ ᠨᠢ ᠠᠷᠭ᠎ᠠ ᠦᠭᠡᠢ᠃ ᠲᠡᠢᠨ ᠬᠦ᠌ ᠲᠡᠭᠦᠨ ᠦ᠌ ᠴᠡᠷᠢᠭ ᠦ᠋ᠨ ᠨᠡᠯᠢᠶᠡᠳ ᠬᠤᠪᠢ ᠨᠢ ᠬᠢᠲᠠᠳ ᠴᠡᠷᠢᠭ ᠪᠠᠢᠯ᠎ᠠ᠃ 
       ᠲᠡᠭᠦᠨ ᠦ᠌ ᠴᠣᠭᠣᠯᠤᠭᠤᠯᠤᠭᠰᠠᠨ ᠴᠡᠷᠢᠭ ᠦ᠋ᠳ ᠦ᠋ᠨ ᠵᠠᠷᠢᠮ ᠨᠢ ᠢᠷᠡᠯᠲᠡ ᠭᠠᠷᠤᠯ ᠨᠢ ᠲᠣᠳᠣᠷᠬᠠᠢ ᠦᠭᠡᠢ ᠶᠠᠪᠤᠭᠤᠯ ᠤ᠋ᠨ ᠵᠠᠨᠠᠭ ᠤ᠋ᠳ᠂ ᠬᠤᠯᠠᠭᠠᠢᠴᠢ᠂ ᠳᠡᠭᠡᠷᠡᠮ ᠵᠡᠷᠭᠡ ᠶᠠᠩᠵᠤ ᠶ᠋ᠢᠨ ᠪᠣᠯᠭᠠᠨ ᠤ᠋ ᠬᠥᠮᠦᠰ ᠪᠠᠢᠪᠠ᠃ ᠬᠢᠯᠠᠷ᠂ ᠭᠢᠯᠵᠢᠷ᠂ ᠳᠣᠭᠣᠯᠠᠩ ᠵᠡᠮᠳᠡᠭ᠂ ᠲᠠᠪᠢ ᠭᠠᠷᠤᠭᠰᠠᠨ ᠡᠪᠦᠭᠡᠨ ᠬᠦᠷᠲᠡᠯ᠎ᠡ ᠬᠠᠷᠠᠭᠳᠠᠨ᠎ᠠ᠃ ᠨᠡᠩ ᠴᠦ᠍ ᠡᠮᠦᠰᠴᠦ ᠵᠡᠭᠦᠭᠰᠡᠨ ᠢ᠋ ᠨᠢ ᠬᠡᠯᠡᠬᠦ ᠶ᠋ᠢᠨ ᠭᠠᠵᠠᠷ ᠦᠭᠡᠢ᠃ ᠢᠰᠡᠭᠡᠢ ᠲᠣᠭᠣᠷᠴᠣᠭ ᠢ᠋ ᠮᠤᠰᠢᠭᠠᠢ ᠳᠠᠷᠤᠵᠤ᠂ ᠢᠰᠡᠭᠡᠢ ᠪᠣᠢᠲᠣᠭ ᠴᠢᠷᠦᠭᠰᠡᠨ᠂ ᠢᠮᠠᠭᠠᠨ ᠳᠠᠬᠤ ᠪᠠᠨ ᠦᠰᠦ ᠶ᠋ᠢ ᠨᠢ ᠭᠠᠳᠠᠭᠰᠢ ᠪᠠᠨ ᠬᠠᠨᠳᠤᠭᠤᠯᠵᠤ ᠬᠡᠳᠡᠷᠦᠭᠰᠡᠨ ᠪᠤᠶᠤ ᠬᠥᠪᠥᠩ ᠨᠢ ᠪᠤᠯᠲᠠᠢᠭᠰᠠᠨ ᠥᠮᠥᠳᠥ ᠲᠡᠢ᠂ ᠦᠰᠦ ᠭᠡᠵᠢᠭᠡ ᠨᠢ ᠥᠷᠪᠥᠢᠭᠰᠡᠨ ᠡᠯᠳᠡᠪ ᠡᠰᠡ ᠶ᠋ᠢᠨ ᠬᠥᠮᠦᠨ ᠪᠠᠢᠯᠴᠠᠪᠠ᠃ 
       ᠴᠣᠭᠪᠠᠭᠠᠲᠤᠷ ᠡᠳᠡᠭᠡᠷ ᠴᠡᠷᠢᠭ ᠦ᠋ᠨ ᠰᠦᠷ ᠰᠦᠯᠳᠡ ᠦᠭᠡᠢ ᠪᠠᠢᠳᠠᠯ ᠢ᠋ ᠬᠠᠷᠠᠭᠠᠳ ᠳᠠᠬᠢᠨ ᠪᠠᠭ᠎ᠠ ᠬᠠᠲᠤᠨ ᠤ᠋ ᠲᠣᠭᠣᠷᠢᠨ ᠳ᠋ᠠᠬᠢ ᠴᠡᠷᠢᠭ ᠦ᠋ᠨ ᠬᠤᠪᠴᠠᠰᠤ ᠬᠤᠨᠠᠷ ᠵᠠᠷ ᠵᠡᠪᠰᠡᠭ ᠲᠡᠢ ᠠᠳᠠᠯᠢᠳᠬᠠᠪᠠᠯ ᠥᠪᠡᠷ ᠦ᠋ᠨ ᠬᠢᠨᠢ ᠴᠡᠷᠢᠭ ᠢ᠋ ᠴᠡᠷᠢᠭ ᠭᠡᠵᠦ ᠬᠡᠯᠡᠬᠦ ᠶ᠋ᠢᠨ ᠣᠷᠣᠨ ᠳ᠋ᠤ᠌ ᠬᠠᠷᠢᠨ ᠳᠡᠭᠡᠷᠡᠮ ᠭᠡᠪᠡᠯ ᠵᠣᠬᠢᠮᠵᠢᠲᠠᠢ ᠪᠠᠢᠬᠤ ᠶ᠋ᠢ ᠦᠵᠡᠭᠡᠳ ᠳᠣᠲᠣᠷ᠎ᠠ ᠨᠢ ᠭᠠᠯ ᠠᠰᠠᠨ᠎ᠠ᠃ 
       ᠴᠣᠭᠪᠠᠭᠠᠲᠤᠷ ᠡᠳᠡᠭᠡᠷ ᠴᠣᠴᠠᠷᠠᠩᠬᠠᠢ ᠴᠡᠷᠢᠭ ᠢ᠋ᠶ᠋ᠡᠨ ᠰᠢᠭᠰᠢᠨ ᠴᠡᠭᠴᠡᠯᠡᠵᠦ ᠰᠤᠷᠭᠠᠭᠤᠯᠢᠯᠠᠪᠠ᠃  
       ᠬᠥᠩᠬᠥᠷ ᠵᠠᠮᠪᠠᠯ᠂ ᠸᠴᠢᠷ ᠨᠠᠷ ᠢ᠋ ᠴᠡᠷᠢᠭ ᠲᠡᠢ ᠬᠣᠯᠪᠣᠭ᠎ᠠ ᠠᠪᠴᠤ ᠵᠠᠷ ᠵᠡᠪᠰᠡᠭ᠂ ᠴᠡᠷᠢᠭ ᠦ᠋ᠨ ᠬᠤᠪᠴᠠᠰᠤ ᠬᠤᠨᠠᠷ᠂ ᠡᠳ᠋ᠯᠡᠯ ᠬᠡᠷᠡᠭᠰᠡᠯ ᠵᠡᠷᠭᠡ ᠶ᠋ᠢ ᠡᠪᠯᠡᠭᠦᠯᠬᠦ ᠪᠡᠷ ᠵᠦᠭ ᠵᠦᠭ ᠲᠤᠨᠢ ᠲᠣᠮᠢᠯᠠᠪᠠ᠃ 
       ᠴᠣᠭᠪᠠᠭᠠᠲᠤᠷ ᠨᠢᠭᠡ ᠰᠥᠨᠢ ᠥᠪᠡᠷ ᠢ᠋ᠶ᠋ᠡᠨ ᠪᠦᠯᠦᠭ ᠭᠠᠪᠰᠢᠭᠠᠢ ᠡᠷ᠎ᠡ ᠶ᠋ᠢ ᠰᠣᠩᠭᠣᠵᠤ ᠴᠡᠷᠢᠭ ᠮᠣᠷᠳᠠᠪᠠ᠃ ᠬᠠᠮᠢᠭ᠎ᠠ ᠶᠠᠪᠤᠵᠤ ᠶᠠᠭᠤ ᠬᠢᠬᠦ ᠭᠡᠵᠦ ᠶᠠᠪᠤᠬᠤ ᠪᠠᠨ ᠬᠡᠨ ᠳ᠋ᠦ᠍ ᠴᠦ᠍ ᠦᠯᠦ ᠬᠡᠯᠡᠨ ᠠᠶᠠᠨ ᠳ᠋ᠠᠭᠠᠨ ᠡᠳᠦᠷ ᠢ᠋ᠶ᠋ᠡᠷ ᠴᠡᠷᠢᠭ ᠢ᠋ᠶ᠋ᠡᠨ ᠠᠮᠠᠷᠠᠭᠠᠵᠤ᠂ ᠰᠥᠨᠢ ᠪᠠᠷ ᠯᠠ ᠬᠥᠳᠡᠯᠦᠭᠡᠳ ᠪᠠᠢᠪᠠ᠃ ᠭᠤᠷᠪᠠᠳᠠᠬᠢ ᠡᠳᠦᠷ ᠦ᠋ᠨ ᠰᠥᠨᠢ ᠳᠦᠯᠢ ᠪᠡᠷ ᠮᠣᠯᠴᠣᠭ ᠬᠤᠰᠢᠭᠤᠨ ᠤ᠋ ᠬᠠᠢᠷᠤᠭ ᠤ᠋ᠨ ᠭᠣᠣᠯ ᠢ᠋ ᠥᠭᠡᠳᠡᠯᠡᠵᠦ ᠶᠠᠪᠤᠬᠤᠯ᠎ᠠ ᠳᠠᠭᠠᠭᠰᠠᠳ ᠨᠢ ᠳᠣᠲᠣᠷ᠎ᠠ ᠪᠠᠨ ᠶᠠᠭᠤ ᠪᠣᠯᠬᠤ ᠶ᠋ᠢ ᠮᠡᠳᠡᠵᠦ᠂ ᠸᠠᠩ ᠰᠣᠬᠣᠷ ᠤ᠋ᠨ ᠬᠠᠷ᠎ᠠ ᠲᠠᠮᠠᠬᠢᠨ ᠤ᠋ ᠡᠭᠦᠷ ᠢ᠋ ᠲᠤᠨᠤᠬᠤ ᠶᠤᠮ ᠪᠠᠢᠨ᠎ᠠ ᠭᠡᠵᠦ ᠭᠠᠳᠠᠷᠯᠠᠪᠠ᠃ ᠨᠢᠳᠦ ᠴᠢᠴᠢᠮ᠎ᠡ ᠬᠠᠷᠠᠩᠭᠤᠢ ᠳ᠋ᠤ᠌ ᠬᠠᠢᠷᠤᠭ ᠤ᠋ᠨ ᠭᠣᠣᠯ ᠢ᠋ ᠥᠭᠡᠳᠡᠯᠡᠵᠦ ᠳᠡᠪᠰᠡᠭ ᠦ᠋ᠨ ᠠᠭᠤᠯᠠ ᠶ᠋ᠢ ᠵᠣᠷᠢᠭᠰᠠᠨ ᠤᠷᠢᠳᠠᠳ ᠤ᠋ᠨ ᠮᠣᠷᠢᠨ ᠤ᠋ ᠲᠠᠬ᠎ᠠ ᠲᠠᠢ ᠲᠤᠭᠤᠷᠠᠢ ᠬᠠᠳᠠ ᠴᠢᠯᠠᠭᠤ ᠶ᠋ᠢ ᠣᠴᠢ ᠥᠰᠥᠷᠬᠡᠨ ᠪᠢᠵᠢᠬᠢᠨᠡᠬᠦ ᠪᠠ ᠬᠠᠶᠠ ᠨᠢᠭᠡ ᠮᠣᠷᠢᠳ ᠤ᠋ᠨ ᠲᠤᠷᠭᠢᠬᠤ ᠴᠢᠮᠡᠭᠡ ᠡᠴᠡ ᠥᠭᠡᠷ᠎ᠡ ᠠᠨᠢᠷ ᠠᠯᠠᠭ᠎ᠠ᠃  
       ᠸᠠᠩ ᠰᠣᠬᠣᠷ ᠬᠠᠲᠤᠨ ᠲᠣᠬᠣᠢ ᠭᠠᠵᠠᠷ ᠨᠤᠲᠤᠭ ᠤ᠋ᠨ ᠰᠢᠮ᠎ᠡ ᠪᠡᠷ ᠦᠯᠡᠮᠵᠢ ᠬᠥᠷᠥᠩᠭᠡᠵᠢᠨ ᠢᠵᠠᠷᠠᠲᠠᠯ᠎ᠠ ᠲᠠᠷᠭᠤᠯᠠᠭᠰᠠᠨ ᠠᠵᠢ᠃ ᠲᠡᠷᠡ ᠪᠡᠷ ᠠᠰᠢᠭ ᠬᠠᠷᠠᠭᠰᠠᠨ ᠢᠵᠠᠭᠤᠷᠲᠠᠳ ᠨᠣᠶᠠᠳ ᠤ᠋ᠨ ᠠᠮᠠ ᠶ᠋ᠢ ᠳᠤᠰᠤᠯᠠᠵᠤ᠂ ᠠᠯᠲᠠ ᠮᠥᠩᠭᠥ᠂ ᠡᠷᠳᠡᠨᠢ ᠰᠤᠪᠤᠳ᠂ ᠲᠣᠷᠭ᠎ᠠ ᠳᠤᠷᠳᠤᠩ᠂ ᠠᠮᠤ ᠲᠠᠷᠢᠶ᠎ᠠ ᠠᠯᠢᠨ ᠪᠣᠯᠭᠠᠨ ᠢ᠋ ᠳᠡᠭᠡᠵᠢᠯᠡᠵᠦ ᠥᠭᠬᠦ ᠶ᠋ᠢ ᠦᠯᠦ ᠬᠠᠷᠠᠮᠨᠠᠨ᠎ᠠ᠃ ᠨᠢᠭᠡ ᠦᠰᠦᠷᠬᠦ ᠳ᠋ᠦ᠍ ᠡᠪᠲᠡᠢ ᠭᠢᠰᠬᠢᠴᠢᠬᠡᠪᠡᠯ ᠳᠠᠬᠢᠭᠠᠳ ᠤᠯᠠᠮ ᠬᠣᠯᠠ ᠬᠠᠷᠠᠢᠨ᠎ᠠ ᠭᠡᠳᠡᠭ ᠢ᠋ ᠸᠠᠩ ᠰᠣᠬᠣᠷ ᠰᠠᠢᠨ ᠮᠡᠳᠡᠳᠡᠭ ᠲᠡᠭᠡᠨ《ᠴᠢᠬᠢ ᠶ᠋ᠢ ᠨᠢ ᠠᠪᠤᠭᠠᠳ ᠠᠮᠠᠨ ᠳ᠋ᠤᠨᠢ ᠬᠢᠪᠡ》 ᠭᠡᠭᠴᠢ ᠪᠡᠷ ᠭᠠᠵᠠᠷ ᠲᠠᠷᠢᠶ᠎ᠠ ᠲᠦᠷᠢᠶᠡᠰᠦᠯᠡᠬᠦ ᠳ᠋ᠡᠭᠡᠨ ᠭᠠᠵᠠᠷ ᠳᠡᠭᠡᠰᠦᠯᠡᠬᠦ ᠬᠥᠮᠦᠨ ᠦ᠌ ᠮᠥᠷᠥ ᠶ᠋ᠢ ᠠᠯᠠᠭᠠᠳᠠᠵᠤ ᠴᠥᠩᠬᠦᠨ ᠳ᠋ᠦ᠍ᠨᠢ ᠴᠠᠭᠠᠨ ᠮᠥᠩᠭᠥ ᠶᠠᠩᠭᠢᠨᠠᠭᠤᠯᠤᠭᠠᠳ ᠰᠣᠬᠣᠷ ᠨᠢᠳᠦ ᠪᠡᠨ ᠬᠡᠳᠦ ᠠᠨᠢᠪᠴᠢᠭᠤᠯᠬᠤ ᠳ᠋ᠤ᠌ ᠳᠡᠭᠡᠰᠦᠯᠡᠭᠰᠡᠨ ᠭᠠᠵᠠᠷ ᠤ᠋ᠨ ᠵᠠᠢᠴᠠ ᠳ᠋ᠤ᠌ ᠠᠰᠢᠭ ᠠᠰᠬᠠᠷᠠᠳᠠᠭ ᠢ᠋ ᠬᠡᠨ ᠴᠦ᠍ ᠦᠯᠦ ᠬᠠᠷᠠᠳᠠᠭ ᠦᠭᠡᠢ ᠵᠥᠪᠬᠡᠨ ᠸᠠᠩ ᠰᠣᠬᠣᠷ ᠤ᠋ᠨ ᠥᠷᠥᠭᠡᠰᠦᠨ ᠨᠢᠳᠦ ᠯᠡ ᠣᠯᠵᠤ ᠦᠵᠡᠨ᠎ᠡ᠃ 
       ᠲᠡᠷᠡ ᠪᠠᠰᠠ ᠠᠭᠤᠯᠠ ᠬᠥᠪᠴᠢ ᠳ᠋ᠦ᠍ ᠭᠠᠷᠴᠤ ᠵᠥᠯᠭᠡᠯᠡᠭ ᠰᠢᠮᠡᠲᠡᠢ ᠭᠠᠵᠠᠷ ᠢ᠋ ᠰᠣᠩᠭᠣᠵᠤ ᠬᠠᠷ᠎ᠠ ᠲᠠᠮᠠᠬᠢ ᠶ᠋ᠢ ᠨᠢᠭᠤᠴᠠ ᠪᠠᠷ ᠲᠠᠷᠢᠵᠤ ᠪᠣᠷᠣᠯᠠᠭᠤᠯᠬᠤ ᠪᠠᠷ ᠪᠠᠷᠠᠬᠤ ᠦᠭᠡᠢ ᠴᠠᠭᠠᠰᠢᠳᠠ ᠠᠭᠤᠷᠬᠠᠢ ᠠᠭᠤᠳᠠᠯᠵᠤ ᠮᠣᠩᠭᠣᠯ ᠤ᠋ᠨ ᠠᠰᠢᠭ ᠢ᠋ ᠲᠠᠩᠳᠠ ᠴᠣᠬᠢᠳᠠᠭ ᠠᠵᠢ᠃ 
       ᠴᠣᠭᠪᠠᠭᠠᠲᠤᠷ ᠡᠨᠡ ᠬᠠᠷᠭᠢᠰ ᠸᠠᠩ ᠰᠣᠬᠣᠷ ᠢ᠋ ᠲᠣᠨᠣᠵᠤ ᠳᠡᠭᠡᠷᠡᠮᠳᠡᠶ᠎ᠡ ᠭᠡᠰᠡᠨ ᠪᠣᠳᠣᠯ ᠮᠠᠨᠠᠭᠠᠳ ᠶᠡᠬᠡ ᠤᠳᠠᠵᠠᠢ᠃ ᠡᠪ ᠲᠦᠢ ᠲᠠᠭᠠᠷᠠᠵᠤ ᠥᠭᠬᠦ ᠦᠭᠡᠢ ᠬᠦᠴᠦ ᠮᠡᠬᠦᠰᠳᠡᠭᠡᠳ ᠵᠣᠷᠢᠭ ᠬᠦᠷᠳᠡᠭ ᠦᠭᠡᠢ ᠪᠠᠢᠪᠠ᠃ ᠡᠨᠡ ᠤᠳᠠᠭ᠎ᠠ ᠰᠣᠯᠣᠭᠠᠢ ᠨᠠᠮᠵᠢᠯ ᠵᠡᠷᠭᠡ ᠬᠡᠳᠦᠨ ᠱᠠᠯᠠᠮᠠᠭᠠᠢ ᠰᠠᠢᠨ ᠡᠷ᠎ᠡ ᠳᠠᠭᠠᠭᠤᠯᠤᠭᠰᠠᠨ ᠪᠣᠯᠬᠣᠷ ᠰᠠᠢᠨ ᠡᠷ᠎ᠡ ᠬᠤᠷᠳᠤᠨ ᠮᠣᠷᠢᠨ ᠤ᠋ ᠬᠦᠴᠦ ᠪᠡᠷ ᠠᠮᠠᠷᠬᠠᠨ ᠨᠤᠬᠤᠴᠢᠬᠠᠨ᠎ᠠ ᠪᠣᠢ ᠭᠡᠵᠦ ᠪᠠᠷᠳᠠᠮ ᠰᠠᠨᠠᠵᠤ ᠶᠠᠪᠤᠪᠠ᠃ 
       ᠲᠡᠷᠡ ᠭᠠᠷ ᠳᠣᠣᠷ᠎ᠠ ᠪᠠᠨ ᠴᠡᠷᠢᠭ ᠦ᠋ᠨ ᠬᠠᠲᠠᠭᠤ ᠰᠤᠷᠭᠠᠭᠤᠯᠢᠯᠠᠯ ᠬᠦᠷᠲᠡᠭᠰᠡᠨ ᠰᠣᠯᠣᠭᠠᠢ ᠨᠠᠮᠵᠢᠯ ᠭᠡᠭᠴᠢ ᠨᠤᠲᠤᠭ ᠤ᠋ᠨ ᠰᠠᠢᠨ ᠡᠷ᠎ᠡ ᠲᠡᠢ ᠶᠠᠪᠤᠭ᠎ᠠ ᠳ᠋ᠠᠭᠠᠨ ᠰᠡᠳᠬᠢᠯ ᠪᠠᠷᠳᠠᠮ ᠪᠠᠢᠨ᠎ᠠ᠃ ᠲᠡᠷᠡ ᠰᠣᠯᠣᠭᠠᠢ ᠨᠠᠮᠵᠢᠯ ᠤ᠋ᠨ ᠱᠠᠯᠠᠮᠠᠭᠠᠢ ᠪᠤᠰᠢᠭᠤ᠂ ᠡᠷᠡᠮᠡᠬᠡᠢ ᠵᠠᠩ ᠢ᠋ ᠲᠣᠭᠣᠨ《ᠨᠠᠮᠵᠢᠯ ᠪᠠᠢᠭᠰᠠᠨ ᠴᠠᠭ ᠲᠤ ᠠᠶᠤᠬᠤ ᠶᠠᠭᠤᠮ᠎ᠠ ᠠᠯᠠᠭ᠎ᠠ》 ᠭᠡᠵᠦ ᠪᠦᠳᠦᠭᠦᠨ ᠵᠢᠷᠦᠬᠡᠯᠡᠳᠡᠭ᠃ 
       ᠰᠣᠯᠣᠭᠠᠢ ᠨᠠᠮᠵᠢᠯ ᠪᠣᠯᠤᠨ ᠭᠤᠢᠳᠤᠪ ᠬᠣᠶᠠᠷ ᠬᠥᠲᠥᠯ ᠦ᠋ᠨ ᠣᠷᠣᠢ ᠳᠡᠭᠡᠷᠡᠬᠢ ᠦᠷᠭᠡᠯᠡᠭᠰᠡᠨ ᠮᠠᠨᠠᠭ᠎ᠠ ᠶ᠋ᠢ ᠨᠢ ᠴᠡᠪᠡᠷᠬᠡᠨ ᠱᠤᠳᠤᠷᠴᠤ① ᠴᠢᠮᠡᠭᠡ ᠥᠭᠬᠦ ᠳ᠋ᠦ᠍ ᠬᠡᠳᠦᠨ ᠡᠷ᠎ᠡ ᠥᠨᠥᠬᠢ ᠨᠦ᠍ᠭᠦᠳ ᠢ᠋ ᠤᠨᠲᠠᠭ᠎ᠠ ᠪᠠᠷ ᠨᠢ ᠰᠥᠨᠥᠭᠡᠭᠡᠳ ᠴᠡᠷᠢᠭ ᠦ᠋ᠨ ᠵᠠᠷ ᠵᠡᠪᠰᠡᠭ᠂ ᠰᠢᠷᠭᠠᠭᠠᠭᠰᠠᠨ ᠲᠦᠭᠦᠬᠡᠢ ᠬᠠᠷ᠎ᠠ ᠲᠠᠮᠠᠬᠢ᠂ ᠠᠯᠲᠠ ᠡᠨᠡ ᠲᠡᠷᠡ ᠦᠨ᠎ᠡ ᠳ᠋ᠦ᠍ ᠬᠦᠷᠬᠦ ᠶᠠᠭᠤᠮᠠᠰ ᠢ᠋ ᠴᠥᠯᠪᠡᠵᠦ ᠴᠣᠭᠪᠠᠭᠠᠲᠤᠷ ᠭᠠᠨᠵᠤᠭ᠎ᠠ ᠳᠦᠭᠦᠷᠡᠩ ᠪᠤᠴᠠᠬᠤ ᠳ᠋ᠤ᠌᠂ ᠸᠠᠩ ᠰᠣᠬᠣᠷ ᠬᠠᠷ᠎ᠠ ᠲᠠᠮᠠᠬᠢᠨ ᠤ᠋ ᠡᠭᠦᠷ᠂ ᠠᠭᠤᠷᠬᠠᠢ ᠳ᠋ᠠᠭᠠᠨ ᠪᠠᠷᠤᠭ ᠰᠠᠭᠤᠳᠠᠭ ᠦᠭᠡᠢ ᠪᠣᠯᠬᠣᠷ ᠲᠡᠷᠡ ᠰᠥᠨᠢ ᠬᠠᠷ᠎ᠠ ᠲᠠᠮᠠᠬᠢ᠂ ᠠᠭᠤᠷᠬᠠᠢ ᠶ᠋ᠢ ᠨᠢ ᠶᠠᠭᠤ ᠴᠦ᠍ ᠦᠭᠡᠢ ᠲᠣᠨᠣᠭᠰᠠᠨ ᠶᠠᠪᠤᠳᠠᠯ ᠨᠢ ᠴᠣᠬᠣᠮ ᠬᠠᠮᠢᠭᠠᠬᠢ ᠶ᠋ᠢᠨ ᠳᠡᠭᠡᠷᠡᠮ ᠦ᠋ᠳ ᠪᠣᠯᠴᠢᠬᠠᠪᠠ ᠭᠡᠳ ᠤᠬᠠᠭᠠᠨ ᠰᠣᠬᠣᠷᠠᠭᠰᠠᠨ ᠪᠠᠢᠯ᠎ᠠ᠃ 
       ᠸᠠᠩ ᠰᠣᠬᠣᠷ ᠤ᠋ᠨ ᠲᠡᠵᠢᠭᠰᠡᠨ ᠭᠦᠵᠡᠭᠡᠨ ᠠᠯᠴᠢᠭᠤᠷᠲᠤ ᠬᠠᠷ᠎ᠠ ᠴᠡᠷᠢᠭ ᠦ᠋ᠳ ᠭᠡᠵᠦ ᠪᠠᠰᠠ ᠭᠠᠵᠠᠷ ᠤ᠋ᠨ ᠪᠥᠭᠡᠰᠦ ᠰᠢᠭ ᠣᠯᠠᠨ᠃ ᠡᠨᠡ ᠰᠣᠬᠣᠷ ᠲᠤ ᠰᠡᠭᠦᠯ ᠢ᠋ᠶ᠋ᠡᠨ ᠪᠠᠷᠢᠭᠤᠯᠤᠭᠰᠠᠭᠠᠷ ᠴᠤ᠌ ᠪᠠᠰᠠ ᠠᠮᠠᠷ ᠦᠭᠡᠢ ᠶᠦᠮ ᠠ᠋! ᠭᠡᠵᠦ ᠪᠣᠳᠣᠬᠤ ᠠ᠋ᠴᠠ ᠬᠤᠢᠬ᠎ᠠ ᠶ᠋ᠢᠨ ᠦᠰᠦ ᠪᠣᠰᠤᠮᠠᠷ ᠪᠠᠢᠪᠠ᠃ ᠭᠠᠵᠠᠷ ᠤ᠋ᠨ ᠪᠥᠭᠡᠰᠦ ᠰᠢᠭ ᠣᠯᠠᠨ ᠬᠠᠷ᠎ᠠ ᠴᠡᠷᠢᠭ ᠲᠦ᠍ ᠠᠮᠢᠳᠤ ᠪᠠᠷ ᠢ᠋ᠶ᠋ᠠᠨ ᠢᠳᠡᠭᠳᠡᠬᠦ ᠶ᠋ᠢᠨ ᠵᠣᠪᠠᠯᠠᠩ ᠢ᠋ ᠬᠡᠨ ᠲᠤᠭᠤᠯᠵᠤ ᠳᠡᠢᠯᠬᠦ ᠪᠣᠢ? ᠭᠡᠵᠦ ᠴᠣᠭᠪᠠᠭᠠᠲᠤᠷ ᠤ᠋ᠨ ᠴᠡᠷᠢᠭ ᠦ᠋ᠳ ᠰᠠᠨᠠᠭ᠎ᠠ ᠵᠣᠪᠠᠵᠤ ᠶᠠᠪᠤᠪᠠ᠃ 
       ᠴᠣᠭᠪᠠᠭᠠᠲᠤᠷ ᠤ᠋ᠨ ᠡᠷᠬᠡ ᠰᠦᠷ ᠲᠣᠮᠣᠷᠠᠬᠤ ᠲᠣᠰᠤᠮ ᠢ᠋ᠶ᠋ᠠᠨ ᠡᠴᠢᠭᠡ ᠶ᠋ᠢᠨ ᠥᠰᠢᠶ᠎ᠡ ᠶ᠋ᠢ ᠰᠠᠨᠠᠵᠤ ᠰᠢᠷ᠎ᠠ ᠴᠡᠷᠢᠭ ᠦ᠋ᠨ ᠰᠦᠷ ᠲᠦ᠍ ᠡᠷᠡᠮᠰᠢᠵᠦ ᠳᠡᠭᠳᠡ ᠬᠥᠮᠦᠨ ᠦ᠌ ᠭᠠᠷ ᠢ᠋ᠶ᠋ᠠᠷ ᠮᠣᠭᠠᠢ ᠪᠠᠷᠢᠵᠤ ᠶᠠᠪᠤᠳᠠᠭ ᠬᠠᠰᠢᠷ ᠲᠣᠯᠣᠭᠠᠢ ᠡᠯᠳᠡᠩᠭᠡ ᠶ᠋ᠢ ᠶᠠᠭᠠᠬᠢᠭᠰᠠᠨ ᠴᠦ᠍ ᠵᠦᠭᠡᠷ ᠲᠠᠯᠪᠢᠬᠤ ᠦᠭᠡᠢ ᠭᠡᠵᠦ ᠰᠢᠵᠠᠭᠤᠷ ᠵᠠᠭᠤᠵᠤ ᠪᠠᠢᠪᠠ᠃ 
       ᠬᠥᠩᠬᠥᠷ ᠵᠠᠮᠪᠠᠯ ᠢ᠋ᠶ᠋ᠠᠷ ᠨᠢᠭᠡ ᠡᠪᠦᠭᠡᠨ ᠭᠤᠢᠷᠠᠨᠴᠢ ᠣᠪᠯᠠᠭᠤᠯᠵᠤ ᠡᠯᠳᠡᠩᠭᠡ ᠶ᠋ᠢᠨ ᠳ᠋ᠦ᠍ ᠣᠴᠢᠭᠤᠯᠤᠨ ᠪᠤᠳᠠᠭ᠎ᠠ ᠭᠤᠢᠷᠠᠨᠴᠢᠯᠠᠬᠤ ᠨᠡᠷ᠎ᠡ ᠪᠡᠷ ᠲᠡᠭᠦᠨ ᠢ᠋ ᠭᠡᠷ ᠲᠡᠭᠡᠨ ᠪᠠᠢᠬᠤ ᠡᠰᠡᠬᠦ ᠶ᠋ᠢ ᠳᠠᠩᠨᠠᠭᠤᠯᠤᠯ᠎ᠠ ᠭᠡᠳᠡᠭ᠃ ᠡᠨᠡ ᠪᠥᠭᠲᠥᠢᠭᠰᠡᠨ ᠡᠪᠦᠭᠡᠨ ᠭᠤᠢᠷᠠᠨᠴᠢ ᠡᠯᠳᠡᠩᠭᠡ ᠶ᠋ᠢᠨ ᠭᠠᠷ ᠠ᠋ᠴᠠ ᠢᠳᠡᠬᠦ ᠶᠠᠭᠤᠮ᠎ᠠ ᠭᠤᠶᠤᠵᠤ ᠣᠯᠤᠭᠠᠳ ᠲᠡᠭᠦᠨ ᠢ᠋ ᠭᠡᠷ ᠲᠡᠭᠡᠨ ᠪᠠᠢᠬᠤ ᠮᠥᠷᠲᠡᠭᠡᠨ ᠬᠣᠯᠠ ᠶᠠᠭᠤᠮᠠᠨ ᠳ᠋ᠤ᠌ ᠶᠠᠪᠤᠮᠠᠷ ᠦᠭᠡᠢ ᠯᠠᠪ ᠯᠥᠪ ᠰᠤᠷᠠᠭ ᠴᠢᠮᠡᠭᠡ ᠶ᠋ᠢ ᠪᠦᠷᠦᠢ ᠲᠠᠰᠤᠷᠠᠲᠠᠯ᠎ᠠ ᠮᠠᠨᠠᠵᠤ ᠪᠠᠢᠭᠠᠳ ᠴᠣᠭᠪᠠᠭᠠᠲᠤᠷ ᠤ᠋ᠨ ᠴᠢᠬᠢᠨ ᠳ᠋ᠦ᠍ ᠬᠠᠯᠠᠭᠤᠬᠠᠨ ᠢ᠋ᠶ᠋ᠠᠷ ᠨᠢ ᠬᠦᠷᠭᠡᠪᠡ᠃ ᠮᠥᠨ ᠲᠡᠷᠡ ᠰᠥᠨᠢ ᠳ᠋ᠦ᠍ᠨᠢ ᠴᠣᠭᠪᠠᠭᠠᠲᠤᠷ ᠬᠥᠮᠦᠨ ᠶᠠᠪᠤᠭᠤᠯᠵᠤ ᠡᠯᠳᠡᠩᠭᠡ ᠶ᠋ᠢᠨ ᠰᠠᠭᠤᠳᠠᠭ ᠭᠣᠣᠯ ᠭᠡᠷ ᠦ᠋ᠨ ᠠᠷᠤ ᠴᠣᠩᠬᠣ ᠪᠠᠷ ᠣᠷᠣᠰ ᠬᠢᠴᠡᠲᠡᠢ ᠭᠠᠷᠨᠠᠲᠠ ᠰᠢᠳᠡᠵᠦ ᠣᠷᠣᠭᠤᠯᠤᠨ ᠳᠡᠯᠪᠡᠴᠢᠪᠡ᠃ ᠡᠯᠳᠡᠩᠭᠡ ᠶ᠋ᠢᠨ ᠬᠣᠨᠣᠳᠠᠭ ᠭᠣᠣᠯ ᠭᠡᠷ ᠨᠢ ᠦᠨᠡᠰᠦᠨ ᠲᠣᠪᠷᠠᠭ ᠪᠣᠯᠵᠤ᠂ ᠲᠡᠷᠡ ᠣᠷᠣᠢ ᠬᠡᠦᠬᠡᠳ ᠪᠦᠰᠡᠭᠦᠢ ᠶ᠋ᠢᠨ ᠭᠡᠷ ᠪᠠ ᠴᠢᠬᠢᠨ ᠭᠡᠷ ᠲᠡᠭᠡᠨ ᠬᠣᠨᠣᠭᠰᠠᠨ ᠪᠣᠯᠬᠣᠷ ᠬᠠᠷᠢᠨ ᠵᠣᠯ ᠢ᠋ᠶ᠋ᠠᠷ ᠠᠮᠢ ᠮᠡᠨᠳᠦ ᠭᠠᠷᠪᠠ᠃ 
       ᠡᠯᠳᠡᠩᠭᠡ ᠶᠠᠭᠤ ᠬᠢᠵᠦ ᠣᠯᠠᠨ ᠪᠣᠯᠢᠭᠠᠷᠠᠢ ᠭᠤᠲᠤᠯ ᠤ᠋ᠨ ᠤᠯᠠ ᠡᠯᠡᠭᠡᠵᠦ ᠶᠠᠪᠤᠪᠠ? ᠡᠨᠡ ᠬᠢᠷᠢᠲᠡᠢ ᠬᠡᠦᠬᠡᠳ ᠦ᠋ᠨ ᠨᠢᠭᠤᠯᠴᠠᠭ᠎ᠠ ᠲᠣᠭᠯᠠᠭᠠᠮ ᠰᠢᠭ᠋ ᠵᠦᠴᠦᠭᠡ ᠶ᠋ᠢ ᠲᠡᠭᠦᠨ ᠦ᠌ ᠬᠠᠰᠢᠷ ᠤᠬᠠᠭᠠᠨ ᠭᠢᠷᠬᠠᠢ ᠨᠢᠳᠦ ᠬᠡᠷᠬᠢᠨ ᠠᠨᠳᠠᠬᠤ ᠠᠵᠢ⁈ 
       ᠤᠤᠯ ᠨᠢ ᠢᠩᠭᠢᠭᠰᠡᠨ ᠪᠠᠢᠵᠠᠢ᠃ 
       ᠨᠢᠭᠡ ᠦᠳᠡ ᠶ᠋ᠢᠨ ᠬᠣᠢᠨ᠎ᠠ ᠲᠡᠭᠦᠨ ᠦ᠌ ᠡᠭᠦᠳᠡᠨ ᠳ᠋ᠦ᠍《ᠭᠤᠢᠷᠠᠨᠴᠢ ᠢᠷᠡᠯ᠎ᠡ!》 ᠭᠡᠵᠦ ᠬᠡᠦᠬᠡᠳ ᠦ᠋ᠳ ᠨᠢ ᠱᠤᠤᠭᠢᠯᠳᠤᠵᠤ᠂ ᠨᠣᠣᠷᠬᠠᠢ ᠮᠠᠭᠤ ᠪᠣᠰᠢᠨᠵᠠ ᠲᠠᠢ ᠪᠥᠭᠲᠥᠢᠭᠰᠡᠨ ᠡᠪᠦᠭᠡᠨ ᠭᠤᠢᠷᠠᠨᠴᠢ ᠶ᠋ᠢ ᠱᠣᠣᠯᠠᠵᠤ ᠪᠤᠵᠢᠭᠢᠨᠠᠯᠳᠤᠬᠤ ᠨᠢ ᠬᠠᠷᠠᠭᠳᠠᠪᠠ᠃ 
       ᠡᠯᠳᠡᠩᠭᠡ ᠴᠣᠩᠬᠣ ᠪᠠᠷ ᠭᠠᠳᠠᠭᠰᠢ ᠬᠠᠷᠠᠬᠤᠯ᠎ᠠ ᠥᠨᠥᠬᠢ ᠭᠤᠢᠷᠠᠨᠴᠢ ᠭᠡᠷ ᠦ᠋ᠨ ᠬᠦᠷᠢᠶᠡᠨ ᠦ᠌ ᠠᠮᠠᠨ ᠳ᠋ᠤ᠌ ᠬᠡᠦᠬᠡᠳ ᠦ᠋ᠳ ᠲᠦ᠍ ᠬᠠᠰᠢᠭᠳᠠᠭᠰᠠᠨ ᠢ᠋ ᠬᠠᠷᠠᠭᠠᠳ᠄  
       — ᠪᠠᠢᠭ᠂ ᠪᠠᠢᠭ ᠠ᠋! ᠬᠡᠦᠬᠡᠳ ᠦ᠋ᠳ ᠮᠢᠨᠢ᠂ ᠵᠤᠳᠠᠷᠠᠭᠰᠠᠨ ᠮᠠᠭᠤ ᠭᠤᠢᠷᠠᠨᠴᠢ ᠶ᠋ᠢ ᠪᠢᠲᠡᠭᠡᠢ ᠮᠠᠭᠤᠴᠢᠯᠠᠵᠤ ᠳᠠᠷᠤᠯᠠ! ᠵᠢᠭᠠᠯ ᠵᠢᠭᠤᠯ ᠢᠳᠡᠬᠦ ᠶᠠᠭᠤᠮ᠎ᠠ ᠥᠭᠴᠦ ᠭᠠᠷ ᠴᠠᠭᠠᠯᠠᠭᠠᠳ ᠴᠠᠭᠠᠰᠢ ᠨᠢ ᠶᠠᠪᠤᠭᠤᠯ! ᠭᠡᠬᠦ ᠪᠡᠷ ᠥᠨᠥᠬᠢ ᠪᠥᠭᠲᠥᠢᠭᠰᠡᠨ ᠡᠪᠦᠭᠡᠨ ᠭᠤᠢᠷᠠᠨᠴᠢ ᠳᠣᠲᠣᠭᠰᠢ ᠵᠢᠳᠬᠦᠨ ᠬᠡᠦᠬᠡᠳ ᠦ᠋ᠳ ᠢ᠋ ᠣᠭᠲᠣ ᠲᠣᠭᠣᠬᠤ ᠶᠠᠩᠵᠤ ᠦᠭᠡᠢ ᠭᠣᠣᠯ ᠭᠡᠷ ᠦ᠋ᠨ ᠡᠭᠦᠳᠡ ᠴᠣᠩᠬᠣ ᠤᠷᠤᠭᠤ ᠭᠢᠯᠠᠪ ᠬᠠᠯᠠᠪ ᠬᠠᠷᠠᠬᠤ ᠪᠠᠷ ᠨᠢ ᠬᠠᠮᠢᠭ᠎ᠠ ᠨᠢᠭᠡ ᠦᠵᠡᠭᠰᠡᠨ ᠲᠠᠨᠢᠯ ᠬᠥᠮᠦᠨ ᠦ᠌ ᠴᠢᠷᠠᠢ ᠲᠡᠭᠦᠨ ᠦ᠌ ᠲᠠᠷᠢᠬᠢᠨ ᠳ᠋ᠤ᠌ ᠬᠠᠷᠪᠤᠨ ᠣᠷᠣᠪᠠ᠃ ᠲᠡᠭᠦᠨ ᠦ᠌ ᠳᠣᠲᠣᠷ᠎ᠠ ᠶᠠᠭᠤ ᠨᠢᠭᠡ ᠮᠠᠭᠤ ᠰᠤᠪᠢᠨ ᠲᠠᠲᠠᠬᠤ ᠳ᠋ᠠᠭᠠᠨ ᠲᠡᠷᠡ ᠭᠠᠳᠠᠨ᠎ᠠ ᠭᠠᠷᠴᠤ ᠣᠴᠢᠨ ᠥᠨᠥᠬᠢ ᠭᠤᠢᠷᠠᠨᠴᠢ ᠳ᠋ᠤ᠌ ᠨᠢᠭᠡ ᠰᠢᠭᠢᠪᠤᠷ ᠬᠠᠭᠤᠷᠤᠭᠰᠠᠨ ᠪᠤᠳᠠᠭ᠎ᠠ᠂ ᠪᠣᠭᠲᠣᠭᠣᠰᠣ ᠴᠢᠮᠥᠭᠡ ᠲᠡᠢ ᠮᠢᠬ᠎ᠠ ᠵᠡᠷᠭᠡ ᠶ᠋ᠢ ᠥᠭᠴᠦ《ᠵᠠ᠂ ᠶᠠᠪᠤ ᠳᠠ! ᠨᠢᠭᠡ ᠴᠠᠭ ᠴᠠᠳᠬᠤ ᠪᠠᠢᠯᠭᠦᠢ!》 ᠭᠡᠳ ᠭᠤᠢᠷᠠᠨᠴᠢ ᠶ᠋ᠢᠨ ᠴᠢᠷᠠᠢ ᠥᠭᠡᠳᠡ ᠨᠢ ᠰᠡᠮᠡᠬᠡᠷ ᠯᠠᠪᠯᠠᠪᠠᠯ᠂ ᠣᠷᠣᠭᠰᠢ ᠪᠠᠨ ᠢᠯᠡᠭᠦᠦ ᠬᠥᠩᠬᠥᠢᠭᠰᠡᠨ ᠬᠠᠪᠴᠢᠭ ᠮᠠᠩᠨᠠᠢ ᠨᠢ《 ᠪᠢ ᠥᠭᠡᠷ᠎ᠡ ᠬᠥᠮᠦᠨ ᠪᠢᠰᠢ! ᠬᠥᠩᠬᠥᠷ ᠵᠠᠮᠪᠠᠯ ᠮᠥᠨ》 ᠭᠡᠵᠦ ᠪᠡᠶ᠎ᠡ ᠪᠡᠨ ᠲᠠᠨᠢᠯᠴᠠᠭᠤᠯᠵᠤ ᠪᠠᠢᠯ᠎ᠠ᠃ ᠡᠯᠳᠡᠩᠭᠡ ᠡᠨᠡ ᠴᠣᠬᠣᠮ ᠶᠠᠭᠤ ᠪᠣᠯᠤᠭ᠎ᠠ ᠭᠡᠳᠡᠭ ᠢ᠋ ᠲᠣᠪ ᠬᠢᠲᠡᠯ᠎ᠡ ᠮᠡᠳᠡᠭᠰᠡᠨ ᠬᠠᠰᠢᠷ ᠤᠬᠠᠭᠠᠨ ᠳ᠋ᠠᠭᠠᠨ ᠡᠷᠳᠦᠨ ᠲᠡᠭᠦᠨ ᠢ᠋ ᠲᠠᠭ ᠲᠠᠨᠢᠭᠰᠠᠨ ᠦᠭᠡᠢ ᠰᠢᠭ ᠳᠠᠬᠢᠵᠤ ᠳᠤᠤᠭᠠᠷᠤᠭᠰᠠᠨ ᠦᠭᠡᠢ ᠨᠢᠷᠤᠭᠤ ᠪᠠᠨ ᠡᠭᠦᠷᠦᠨ ᠭᠣᠣᠯ ᠭᠡᠷ ᠤᠷᠤᠭᠤ ᠪᠠᠨ ᠬᠡᠯᠲᠦᠷᠢᠪᠡ᠃  
       ᠬᠥᠩᠬᠥᠷ ᠵᠠᠮᠪᠠᠯ ᠪᠣᠯ ᠴᠣᠭᠪᠠᠭᠠᠲᠤᠷ ᠤ᠋ᠨ ᠮᠢᠬᠠᠨ ᠰᠡᠭᠦᠯ ᠲᠤᠯᠠ ᠥᠨᠥ ᠰᠥᠨᠢ ᠡᠨᠳᠡ ᠶᠠᠭᠤ ᠪᠣᠯᠤᠨ᠎ᠠ ᠭᠡᠳᠡᠭ ᠢ᠋ ᠭᠠᠳᠠᠷᠯᠠᠵᠤ ᠭᠡᠷ ᠲᠡᠷᠭᠡ᠂ ᠬᠡᠦᠬᠡᠳ ᠪᠦᠰᠡᠭᠦᠢ ᠪᠡᠨ ᠲᠥᠪᠬᠢᠨᠡᠭᠦᠯᠵᠦ᠂ ᠥᠪᠡᠷ ᠢ᠋ᠶ᠋ᠡᠨ ᠬᠠᠷ᠎ᠠ ᠪᠦᠷᠦᠢ ᠤᠨᠠᠬᠤ ᠳ᠋ᠤ᠌ ᠪᠤᠷᠤᠭᠤᠯᠠᠵᠤ᠂ ᠬᠠᠷᠠᠩᠭᠤᠢ ᠳ᠋ᠤ᠌ ᠬᠣᠯᠠ ᠠ᠋ᠴᠠ ᠴᠣᠭᠪᠠᠭᠠᠲᠤᠷ᠂ ᠬᠥᠩᠬᠥᠷ ᠵᠠᠮᠪᠠᠯ ᠤ᠋ᠨ ᠲᠡᠭᠦᠨ ᠢ᠋ ᠬᠣᠣᠷᠯᠠᠬᠤ ᠭᠡᠰᠡᠨ ᠵᠠᠯᠢᠲᠤ ᠵᠦᠴᠦᠭᠡ ᠶ᠋ᠢ ᠨᠢᠳᠦ ᠪᠡᠷ ᠢ᠋ᠶ᠋ᠡᠨ ᠬᠠᠷᠠᠵᠠᠢ᠃ 
       ᠲᠡᠭᠡᠭᠡᠳ ᠴᠣᠭᠪᠠᠭᠠᠲᠤᠷ ᠠᠭᠤᠯᠠᠨ ᠤ᠋ ᠪᠠᠷᠰ ᠢ᠋ ᠠᠩᠨᠠᠬᠤ ᠭᠡᠳ ᠪᠠᠯᠲᠠᠭ᠎ᠠ ᠴᠤ᠌ ᠣᠯᠤᠭᠰᠠᠨ ᠦᠭᠡᠢ ᠮᠥᠷᠲᠡᠭᠡᠨ ᠡᠷᠭᠢᠭᠡᠳ ᠪᠠᠷᠰ ᠠ᠋ᠴᠠ ᠠᠶᠤᠳᠠᠭ ᠠᠢᠳᠠᠰ ᠨᠥᠮᠥᠷᠦᠨ᠂ ᠶᠠᠪᠤᠨ ᠰᠠᠭᠤᠨ ᠪᠠᠷᠰ ᠲᠤ ᠪᠠᠷᠢᠭᠳᠠᠬᠤ ᠠ᠋ᠴᠠ ᠬᠢᠴᠢᠶᠡᠵᠦ ᠰᠡᠭᠦᠯ ᠡᠴᠡ ᠪᠡᠨ ᠦᠷᠭᠦᠨ ᠰᠡᠭᠦᠳᠡᠢ ᠡᠴᠡ ᠪᠡᠨ ᠨᠠᠳᠬᠤᠬᠤ ᠪᠣᠯᠤᠭᠰᠠᠨ ᠢ᠋ ᠡᠨᠳᠡ ᠨᠠᠷᠢᠨ ᠶᠠᠷᠢᠬᠤ ᠦᠭᠡᠢ᠁ 
       ᠴᠣᠭᠪᠠᠭᠠᠲᠤᠷ ᠸᠠᠩ ᠰᠣᠬᠣᠷ ᠤ᠋ᠨ ᠬᠠᠷ᠎ᠠ ᠲᠠᠮᠠᠬᠢᠨ ᠤ᠋ ᠡᠭᠦᠷ ᠪᠣᠯᠤᠨ ᠠᠭᠤᠷᠬᠠᠢ ᠶ᠋ᠢ ᠴᠡᠪᠡᠷᠬᠡᠨ ᠲᠣᠨᠣᠭᠰᠠᠨ ᠠ᠋ᠴᠠ ᠵᠢᠷᠦᠬᠡ ᠨᠢ ᠤᠯᠠᠮ ᠪᠦᠳᠦᠭᠦᠷᠡᠵᠦ ᠳᠣᠣᠷᠠᠬᠢ ᠴᠡᠷᠢᠭ ᠦ᠋ᠳ ᠢ᠋ᠶ᠋ᠡᠨ ᠡᠴᠢᠭᠡᠳᠡᠬᠦ ᠨᠢ ᠤᠯᠠᠮ ᠢᠯᠡᠭᠦᠦ ᠪᠣᠯᠪᠠ᠃ 
       ᠴᠡᠷᠢᠭ ᠦ᠋ᠨ ᠵᠠᠷ ᠵᠡᠪᠰᠡᠭ᠂ ᠬᠤᠪᠴᠠᠰᠤ ᠬᠤᠨᠠᠷ᠂ ᠴᠡᠷᠢᠭ ᠦ᠋ᠨ ᠠᠭᠲᠠ ᠡᠪᠯᠡᠭᠦᠯᠬᠦ ᠪᠡᠷ ᠲᠣᠮᠢᠯᠠᠭᠰᠠᠨ ᠵᠦᠭ ᠵᠦᠭ ᠦ᠋ᠨ ᠴᠡᠷᠢᠭ ᠦ᠋ᠳ ᠵᠥᠩᠳᠡᠭᠡᠨ ᠭᠠᠨᠵᠤᠭ᠎ᠠ ᠳᠦᠭᠦᠷᠡᠩ ᠭᠠᠷ ᠥᠭᠡᠳᠡ ᠪᠤᠴᠠᠵᠤ ᠢᠷᠡᠵᠡᠭᠡᠨ᠎ᠡ᠃ ᠭᠠᠭᠴᠠ ᠬᠥᠩᠬᠥᠷ ᠵᠠᠮᠪᠠᠯ ᠭᠠᠷ ᠤᠨᠵᠠᠢᠯᠭᠠᠭᠰᠠᠭᠠᠷ ᠢᠷᠡᠪᠡ᠃ ᠲᠡᠷᠡ ᠪᠡᠷ ᠮᠢᠩᠭᠠᠨ ᠲᠠᠯ᠎ᠠ ᠲᠠᠢ ᠵᠠᠬ᠎ᠠ ᠡᠮᠵᠢᠭᠰᠡᠨ ᠰᠢᠲᠦᠭᠡᠨ ᠦ᠌ ᠳᠡᠷᠡᠰᠦᠨ ᠡᠴᠡ ᠪᠠᠶᠠᠨ ᠰᠤᠩᠷᠠᠢ ᠶ᠋ᠢᠨ ᠠᠳᠤᠭᠤᠨ ᠠ᠋ᠴᠠ ᠵᠠᠭᠤ ᠭᠠᠷᠤᠢ ᠠᠭᠲᠠ ᠰᠠᠯᠭᠠᠵᠤ ᠲᠠᠭᠤᠭᠠᠳ ᠦᠦᠷ ᠴᠠᠢᠬᠤ ᠳ᠋ᠤ᠌ ᠪᠤᠭᠤᠲᠤ ᠶ᠋ᠢᠨ ᠬᠠᠷ᠎ᠠ ᠳᠠᠪᠠᠭ᠎ᠠ ᠪᠠᠷ ᠤᠷᠤᠭᠤᠳᠠᠵᠤ ᠣᠷᠣᠲᠠᠯ᠎ᠠ ᠳᠡᠭᠡᠷᠡᠮ ᠳ᠋ᠦ᠍ ᠲᠣᠨᠣᠭᠳᠠᠨ ᠬᠣᠶᠠᠷ ᠴᠡᠷᠢᠭ ᠢ᠋ᠶ᠋ᠡᠨ ᠠᠯᠠᠭᠤᠯᠪᠠ᠃ ᠬᠥᠩᠬᠥᠷ ᠵᠠᠮᠪᠠᠯ ᠣᠯᠠᠨ ᠤᠳᠠᠭ᠎ᠠ ᠠᠳᠤᠭᠤ ᠬᠥᠭᠡᠭᠡᠭᠰᠡᠨ ᠲᠤᠷᠰᠢᠯᠭ᠎ᠠ ᠳ᠋ᠠᠭᠠᠨ ᠲᠦᠰᠢᠵᠦ ᠡᠮᠡᠭᠡᠯ ᠲᠡᠢ ᠮᠣᠷᠢ ᠪᠠᠨ ᠣᠯᠣᠩ ᠢ᠋ ᠨᠢ ᠰᠤᠯᠠᠯᠠᠨ ᠡᠮᠡᠭᠡᠯ ᠢ᠋ ᠨᠢ ᠬᠥᠯᠪᠡᠷᠢᠭᠦᠯᠵᠦ ᠬᠠᠶᠠᠭᠠᠳ ᠮᠣᠷᠢᠨ ᠠ᠋ᠴᠠ ᠪᠠᠨ ᠬᠠᠶᠠᠭᠳᠠᠭᠰᠠᠨ ᠶᠠᠭᠤᠮ᠎ᠠ ᠪᠣᠯᠵᠤ ᠬᠥᠮᠦᠨ ᠦ᠌ ᠨᠢᠳᠦ ᠬᠠᠭᠤᠷᠤᠨ ᠨᠢᠭᠡ ᠵᠠᠪ ᠲᠤᠨᠢ ᠵᠠᠢᠳᠠᠩ ᠮᠣᠷᠢᠨ ᠤ᠋ ᠮᠣᠨᠳᠠᠭᠠᠨ ᠳ᠋ᠤ᠌ ᠰᠠᠮᠵᠠ ᠰᠢᠭ᠋ ᠳᠡᠭᠦᠵᠢᠯᠡᠭᠳᠡᠨ ᠬᠥᠮᠦᠨ ᠦ᠌ ᠬᠠᠷᠠᠭ᠎ᠠ ᠰᠡᠯᠲᠡᠭᠦᠯᠵᠤ ᠭᠣᠣ ᠭᠠᠩᠭ᠎ᠠ᠂ ᠡᠪᠡᠰᠦ ᠳᠡᠷᠡᠰᠦᠨ ᠳ᠋ᠦ᠍ ᠨᠢᠭᠤᠭᠳᠠᠵᠤ ᠳᠥᠩᠭᠡᠵᠦ ᠠᠮᠢ ᠮᠡᠨᠳᠦ ᠭᠠᠷᠴᠠᠢ᠃ ᠲᠡᠭᠦᠨ ᠦ᠌ ᠡᠨᠡ ᠬᠦ᠌ ᠡᠷᠳᠡᠮ ᠢ᠋ ᠪᠠᠷᠤᠭ ᠤ᠋ᠨ ᠬᠥᠮᠦᠨ ᠮᠡᠳᠡᠳᠡᠭ ᠦᠭᠡᠢ᠃ ᠲᠡᠷᠡ ᠥᠪᠡᠷ ᠢ᠋ᠶ᠋ᠡᠨ ᠴᠦ᠍ ᠠᠮᠢᠨ ᠳ᠋ᠤᠨᠢ ᠲᠤᠯᠬᠤ ᠦᠭᠡᠢ ᠪᠣᠯ ᠪᠠᠷᠤᠭᠲᠠᠢ ᠳ᠋ᠤ᠌ ᠬᠢᠮᠤᠰᠤ ᠪᠠᠨ ᠨᠢᠭᠤᠭᠰᠠᠨ ᠮᠤᠤᠷ ᠰᠢᠭ᠋ ᠢᠯᠠᠨ ᠳᠠᠯᠠᠨ ᠬᠡᠷᠡᠭᠯᠡᠳᠡᠭ ᠦᠭᠡᠢ ᠪᠢᠯᠡ᠃ 
       ᠬᠥᠩᠬᠥᠷ ᠵᠠᠮᠪᠠᠯ ᠲᠡᠷᠡ ᠡᠳᠦᠷ ᠲᠡᠭᠡᠨ ᠠᠮᠠᠨ ᠳ᠋ᠤ᠌ ᠣᠷᠣᠭᠰᠠᠨ ᠥᠭᠡᠬᠦ ᠪᠡᠨ ᠠᠯᠳᠠᠭᠰᠠᠨ ᠳ᠋ᠠᠭᠠᠨ ᠭᠡᠮᠰᠢᠵᠦ᠂ ᠴᠣᠬᠣᠮ ᠠᠯᠢ ᠵᠦᠭ ᠦ᠋ᠨ ᠭᠠᠷᠯᠢᠭ ᠤ᠋ᠳ《ᠡᠷᠯᠢᠭ ᠢ᠋ᠶ᠋ᠡᠨ ᠡᠷᠢᠭᠰᠡᠨ ᠬᠤᠯᠤᠭᠠᠨ᠎ᠠ ᠮᠤᠤᠷ ᠤ᠋ᠨ ᠪᠥᠭᠰᠡ ᠮᠠᠭᠠᠵᠢᠪᠠ》 ᠭᠡᠵᠦ ᠰᠡᠮᠡᠬᠡᠷ ᠰᠤᠷᠠᠭ ᠲᠠᠯᠪᠢᠵᠤ ᠶᠠᠪᠤᠪᠠ᠃ ᠤᠤᠯ ᠨᠢ ᠪᠠᠶᠠᠨ ᠰᠤᠩᠷᠠᠢ ᠶ᠋ᠢᠨ ᠠᠳᠤᠭᠤᠴᠢ ᠬᠦᠦ ᠰᠥᠨᠢ ᠠᠳᠤᠭᠤ ᠮᠠᠨᠠᠵᠤ ᠶᠠᠪᠤᠭᠠᠳ ᠬᠤᠯᠠᠭᠠᠢᠴᠢ ᠠᠳᠤᠭᠤ ᠰᠠᠯᠭᠠᠵᠤ ᠬᠥᠭᠡᠭᠡᠭᠰᠡᠨ ᠢ᠋ ᠮᠡᠳᠡᠵᠦ ᠪᠠᠶᠠᠨ ᠰᠤᠩᠷᠠᠢ ᠳ᠋ᠤ᠌ ᠲᠡᠷᠡ ᠳᠣᠣᠷ᠎ᠠ ᠪᠠᠨ ᠮᠡᠳᠡᠭᠳᠡᠭᠰᠡᠨ ᠪᠠᠢᠪᠠ᠃ ᠡᠨᠡ ᠦᠶ᠎ᠡ ᠳ᠋ᠦ᠍ ᠬᠠᠮᠢᠭ᠎ᠠ ᠠ᠋ᠴᠠ ᠴᠤ᠌ ᠶᠤᠮ ᠪᠦᠦ ᠮᠡᠳᠡ ᠬᠡᠳᠦᠨ ᠮᠣᠷᠢᠲᠠᠨ ᠬᠤᠯᠠᠭᠠᠢ ᠭᠠᠷᠴᠤ ᠢᠷᠡᠭᠡᠳ ᠴᠣᠬᠣᠮ ᠴᠦ᠍ ᠨᠢᠭᠡ ᠬᠤᠯᠠᠭᠠᠢᠴᠢ ᠠ᠋ᠴᠠ ᠪᠠᠨ ᠳᠡᠭᠡᠷᠡᠮᠴᠢ ᠭᠡᠳᠡᠭ ᠢ᠋ᠶ᠋ᠡᠷ᠂ ᠬᠡᠳᠦᠨ ᠲᠠᠯ᠎ᠠ ᠠ᠋ᠴᠠ ᠶᠠᠭᠤ ᠶᠠᠭᠤ ᠦᠭᠡᠢ ᠴᠥᠮᠥᠷᠡᠨ ᠣᠷᠣᠭᠰᠠᠨ ᠳ᠋ᠤ᠌ ᠬᠤᠷᠢᠶᠠᠭᠰᠠᠨ ᠠᠳᠤᠭᠤᠳ ᠪᠤᠵᠢᠭᠢᠨᠠᠪᠠ᠃ ᠢᠩᠭᠢᠭᠰᠡᠨ ᠡᠴᠡ ᠲᠡᠭᠦᠨ ᠦ᠌ ᠭᠠᠨᠵᠤᠭ᠎ᠠ ᠨᠢ ᠬᠠᠵᠠᠢᠵᠤ ᠪᠠᠶᠠᠨ ᠰᠤᠩᠷᠠᠢ ᠶ᠋ᠢᠨ ᠨᠢᠭᠡ ᠶᠡᠬᠡ ᠭᠠᠮᠰᠢᠭ ᠢ᠋ ᠵᠠᠢᠯᠠᠭᠤᠯᠪᠠ᠃ 
       ᠴᠣᠭᠪᠠᠭᠠᠲᠤᠷ᠂ ᠬᠥᠩᠬᠥᠷ ᠵᠠᠮᠪᠠᠯ ᠤ᠋ᠨ ᠡᠢᠨ ᠠᠶᠤᠬᠤ ᠳ᠋ᠠᠭᠠᠨ ᠬᠠᠮᠠᠷ ᠢ᠋ᠶ᠋ᠠᠷ ᠢ᠋ᠶ᠋ᠠᠨ ᠭᠣᠩ ᠭᠣᠩᠰᠢᠬᠤ ᠶ᠋ᠢ ᠰᠣᠨᠣᠰᠤᠭᠠᠳ᠄ 
       — ᠴᠢ ᠳᠡ ᠡᠨᠡ ᠡᠴᠢᠭᠡ ᠡᠴᠡ ᠪᠡᠨ ᠵᠠᠢᠳᠠᠵᠤ ᠶᠠᠪᠤᠭᠰᠠᠭᠠᠷ ᠰᠦᠨᠡᠰᠦ ᠴᠢᠨᠢ ᠶᠠᠪᠤᠴᠢᠬᠠᠳᠠᠭ ᠶᠤᠮ ᠤᠤ? ᠶᠠᠭᠠᠬᠢᠳᠠᠭ ᠶᠤᠮ? ᠲᠣᠯᠣᠭᠠᠢ ᠴᠢᠨᠢ ᠪᠦᠳᠦᠭᠦᠷᠡᠭᠡᠳ ᠨᠡᠷ᠎ᠡ ᠵᠢᠯ ᠢ᠋ᠶ᠋ᠡᠨ ᠮᠡᠳᠡᠬᠦ ᠦᠭᠡᠢ᠂ ᠨᠢᠭᠡ ᠴᠦ᠍ ᠪᠦᠲᠦᠯᠲᠡᠢ ᠶᠠᠭᠤᠮ᠎ᠠ ᠬᠢᠬᠦ ᠦᠭᠡᠢ᠃ ᠭᠠᠨᠵᠤᠭ᠎ᠠ ᠥᠷᠡᠭᠡᠬᠦ ᠶ᠋ᠢᠨ ᠨᠡᠮᠡᠷᠢ! ᠭᠡᠵᠦ ᠬᠠᠷᠢᠶᠠᠯ ᠲᠠᠯᠪᠢᠪᠠ᠃ ᠬᠥᠩᠬᠥᠷ ᠵᠠᠮᠪᠠᠯ ᠶᠠᠭ ᠯᠠ ᠴᠢᠳᠥᠷ ᠲᠡᠢ ᠮᠣᠷᠢᠨ ᠳ᠋ᠤ᠌ ᠶᠠᠪᠤᠭᠠᠳ ᠢᠷ᠎ᠡ ᠭᠡᠬᠦᠯᠡᠷ ᠴᠢᠳᠥᠷ ᠲᠡᠢ ᠮᠣᠷᠢ ᠪᠠᠨ ᠬᠠᠪᠢᠳᠠᠵᠤ ᠳᠡᠢᠯᠬᠦ ᠦᠭᠡᠢ ᠨᠣᠭᠲᠣ ᠪᠠᠨ ᠴᠢᠷᠦᠭᠡᠳ ᠪᠤᠴᠠᠭᠠᠳ ᠢᠷᠡᠳᠡᠭ ᠪᠤᠷᠵᠢᠭᠢᠷ ᠲᠣᠯᠣᠭᠠᠢ ᠲᠠᠢ ᠪᠢᠴᠢᠬᠠᠨ ᠬᠦᠦ ᠡᠴᠢᠭᠡ ᠳ᠋ᠡᠭᠡᠨ ᠵᠠᠩᠨᠠᠭᠤᠯᠤᠭᠰᠠᠨ ᠶᠤᠮ ᠰᠢᠭ᠋ ᠳᠤᠭᠤᠢ ᠲᠣᠮᠪᠣᠢᠨ᠎ᠠ᠃ 
       — ᠡᠨᠡ ᠴᠣᠬᠣᠮ ᠬᠠᠮᠢᠭᠠᠬᠢ ᠶ᠋ᠢᠨ ᠳᠡᠭᠡᠷᠡᠮ ᠪᠣᠢ? 
       — ᠮᠡᠳᠡᠬᠦ ᠦᠭᠡᠢ᠂ ᠬᠠᠷ᠎ᠠ ᠴᠡᠷᠢᠭ ᠦ᠋ᠨ ᠬᠢᠨ ᠦ᠌ ᠳᠡᠭᠡᠷᠡᠮ ᠪᠢᠰᠢ ᠪᠣᠯ ᠠᠭᠤᠯᠠ ᠶ᠋ᠢᠨ ᠰᠠᠢᠨ ᠡᠷᠡᠰ ᠦ᠋ᠳ ᠦ᠋ᠨ ᠬᠢᠭᠰᠡᠨ ᠭᠠᠢ ᠪᠠᠢᠵᠤ ᠮᠡᠳᠡᠨ᠎ᠡ᠁ 
       — ᠴᠢᠭᠢᠶᠡᠲᠦᠷᠦᠦ᠂ ᠡᠴᠢᠭᠡ ᠶ᠋ᠢᠨ ᠬᠦᠦ ᠪᠣᠯ ᠴᠠᠭᠠᠰᠢ ᠪᠠᠨ ᠶᠠᠪᠤᠵᠤ ᠠᠮᠢ ᠪᠠᠨ ᠪᠣᠷᠣᠯᠠᠭᠤᠯᠤᠨ᠎ᠠ ᠪᠢᠵᠡ! ᠵᠠᠮ ᠤ᠋ᠨ ᠮᠠᠭᠤ ᠡᠷ᠎ᠡ ᠶ᠋ᠢᠨ ᠭᠠᠨᠵᠤᠭ᠎ᠠ ᠪᠠᠭᠤᠯᠭᠠᠨ᠎ᠠ ᠭᠡᠳᠡᠭ ᠴᠢᠨᠢ ᠶᠠᠮᠠᠷ ᠢᠴᠢᠭᠦᠷᠢ ᠪᠣᠢ? ᠡᠬᠡ ᠶ᠋ᠢ ᠨᠤᠬᠤᠭᠰᠠᠨ ᠨᠠᠰᠤᠨ ᠳ᠋ᠠᠭᠠᠨ ᠮᠥᠨ ᠢᠩᠭᠢᠵᠦ ᠠᠢᠯ ᠤ᠋ᠨ ᠤᠬᠢᠶᠠᠳᠠᠰᠤ ᠳᠣᠯᠢᠶᠠᠵᠤ ᠶᠠᠪᠤᠳᠠᠭ ᠠ᠋ᠴᠠ ᠪᠢᠰᠢ ᠠᠮᠢᠨ ᠳ᠋ᠠᠭᠠᠨ ᠵᠥᠪ ᠦᠭᠡᠢ ᠳᠠᠮᠰᠢᠭ ᠤ᠋ᠳ! ᠠᠯᠢ ᠪᠢᠵᠡ᠂ ᠠᠯᠢ ᠨᠢᠭᠡ ᠡᠳᠦᠷ ᠡᠨᠡ ᠡᠴᠢᠭᠡ ᠲᠡᠢ ᠪᠡᠨ ᠲᠠᠭᠠᠷᠠᠯᠳᠤᠭᠰᠠᠭᠠᠷ ᠨᠢᠭᠡ ᠰᠣᠨᠣᠰᠬᠠᠶ᠎ᠠ ᠪᠠᠢᠵᠠ ᠭᠡᠳ ᠴᠣᠭᠪᠠᠭᠠᠲᠤᠷ ᠬᠠᠷ᠎ᠠ ᠲᠠᠮᠠᠬᠢᠨ ᠤ᠋ ᠭᠠᠩᠰᠠ ᠪᠠᠨ ᠱᠤᠳᠤᠷᠴᠤ᠄ 
       — ᠵᠠᠮᠪᠠᠯ ᠠ᠋᠂ ᠴᠢ ᠣᠳᠣ ᠶᠠᠭᠤ ᠪᠣᠳᠣᠵᠤ ᠪᠠᠢᠨ᠎ᠠ ᠪᠣᠢ? ᠪᠤᠰᠤ ᠬᠥᠮᠦᠰ ᠪᠦᠷ ᠬᠢᠷᠢ ᠳ᠋ᠡᠭᠡᠨ ᠵᠢᠳᠬᠦᠵᠦ ᠳᠡᠭᠡᠭᠦᠷ ᠨᠡᠷ᠎ᠡ ᠲᠡᠮᠡᠴᠡᠨ ᠳᠤᠤᠭᠠᠷ ᠠᠮᠢ ᠲᠡᠮᠡᠴᠡᠨ ᠪᠠᠢᠭ᠎ᠠ ᠶ᠋ᠢ ᠬᠠᠷᠠᠭᠰᠠᠨ ᠪᠢᠵᠡ⁈ ᠭᠡᠯ᠎ᠡ᠃ 
       — ᠮᠡᠳᠡᠯ᠎ᠡ᠂ ᠮᠡᠳᠡᠯ᠎ᠡ! 
       — ᠠᠳᠠᠭ ᠲᠠᠭᠠᠨ ᠲᠠᠪᠢᠨ ᠴᠡᠷᠢᠭ ᠦ᠋ᠨ ᠰᠠᠢᠨ ᠠᠭᠲᠠ ᠰᠢᠯᠢᠵᠦ ᠢᠷᠡᠬᠦ ᠲᠠᠷ ᠦᠭᠡᠢ ᠪᠣᠯ ᠦᠭᠡ ᠪᠡᠨ ᠬᠡᠯᠡᠵᠦ ᠦᠬᠡᠷ ᠲᠡᠷᠭᠡ ᠪᠡᠨ ᠭᠡᠯᠢᠬᠦ ᠪᠡᠷ ᠶᠠᠪᠤ! ᠲᠡᠷᠡ ᠮᠥᠷᠲᠡᠭᠡᠨ ᠮᠢᠨᠦ ᠨᠢᠳᠦᠨ ᠳ᠋ᠦ᠍ ᠦᠯᠦ ᠦᠵᠡᠭᠳᠡᠵᠦ᠂ ᠴᠢᠬᠢᠨ ᠳ᠋ᠦ᠍ ᠦᠯᠦ ᠳᠤᠭᠤᠯᠳᠠᠬᠤ ᠭᠠᠵᠠᠷ ᠲᠣᠨᠢᠯ! ᠮᠡᠳᠡᠪᠡ ᠤᠤ! ᠭᠡᠵᠦ ᠴᠣᠭᠪᠠᠭᠠᠲᠤᠷ ᠨᠠᠮ ᠳᠣᠣᠷ᠎ᠠ ᠳᠠᠭᠤ ᠪᠠᠷ ᠬᠡᠯᠡᠭᠰᠡᠨ ᠪᠣᠯᠪᠠᠴᠤ ᠲᠡᠭᠦᠨ ᠦ᠌ ᠴᠢᠬᠢᠨ ᠳ᠋ᠦ᠍ ᠠᠶᠤᠩᠭ᠎ᠠ ᠨᠢᠷᠭᠡᠭᠰᠡᠨ ᠰᠢᠭ ᠳᠣᠩᠰᠣᠯᠪᠠ᠃ 
       ᠲᠡᠨᠳᠡ ᠡᠴᠡ ᠬᠥᠩᠬᠥᠷ ᠵᠠᠮᠪᠠᠯ᠂ ᠴᠣᠭᠪᠠᠭᠠᠲᠤᠷ ᠢ᠋ᠶ᠋ᠠᠷ ᠡᠴᠢᠭᠡᠳᠡᠭᠦᠯᠦᠭᠰᠡᠨ ᠳ᠋ᠡᠭᠡᠨ ᠢᠴᠢᠬᠦ ᠨᠢᠭᠤᠷ ᠦᠭᠡᠢ ᠭᠡᠵᠦ ᠪᠣᠳᠣᠨ ᠭᠡᠨᠡᠳᠲᠡ ᠨᠢᠭᠡ ᠡᠳᠦᠷ ᠠᠯᠠᠭ᠎ᠠ ᠪᠣᠯᠪᠠ᠃ 
       ᠬᠣᠶᠠᠷ ᠳᠣᠯᠣᠭ᠎ᠠ ᠬᠣᠨᠣᠭ ᠪᠡᠶ᠎ᠡ ᠰᠤᠷᠠᠭ ᠦᠭᠡᠢ᠃ ᠦᠬᠦᠴᠢᠬᠡᠯ᠎ᠡ ᠭᠡᠬᠦ ᠳ᠋ᠦ᠍ ᠰᠡᠭ ᠦᠭᠡᠢ᠃ ᠶᠠᠪᠤᠭᠰᠠᠨ ᠬᠥᠮᠦᠨ ᠮᠥᠷ ᠲᠡᠢ᠂ ᠨᠢᠰᠦᠭᠰᠡᠨ ᠭᠠᠯᠠᠭᠤ ᠳᠠᠭᠤ ᠲᠠᠢ ᠭᠡᠳᠡᠭ᠃ ᠬᠥᠩᠬᠥᠷ ᠵᠠᠮᠪᠠᠯ ᠭᠠᠵᠠᠷ ᠤ᠋ᠨ ᠠᠩ ᠢ᠋ᠶ᠋ᠠᠷ ᠣᠷᠣᠴᠢᠬᠠᠭᠰᠠᠨ ᠴᠤ᠌ ᠶᠤᠮ ᠤᠤ ᠭᠡᠵᠦ ᠬᠥᠮᠦᠰ ᠶᠠᠩᠵᠤ ᠶ᠋ᠢᠨ ᠪᠣᠯᠭᠠᠨ ᠢ᠋ᠶ᠋ᠠᠷ ᠲᠠᠭᠠᠮᠠᠭᠯᠠᠨ᠎ᠠ᠂ ᠴᠣᠭᠪᠠᠭᠠᠲᠤᠷ ᠴᠤ᠌《ᠴᠢᠭᠢᠶᠡᠲᠦᠷᠦᠦ ᠮᠣᠩᠭᠣᠯ ᠤ᠋ᠨ ᠪᠤᠳᠠᠭᠠᠨ ᠳ᠋ᠤ᠌ ᠭᠡᠳᠡᠰᠦ ᠨᠢ ᠴᠠᠳᠴᠤ᠂ ᠲᠣᠯᠣᠭᠠᠢ ᠨᠢ ᠬᠠᠪᠤᠳᠪᠠ!》 ᠭᠡᠵᠦ ᠬᠠᠷᠢᠶᠠᠯ ᠲᠠᠯᠪᠢᠬᠤ ᠪᠣᠯᠪᠠᠴᠤ ᠳᠣᠲᠣᠷ᠎ᠠ ᠪᠠᠨ ᠮᠠᠰᠢᠳᠠ ᠭᠡᠮᠰᠢᠨ《ᠮᠠᠭᠤ ᠬᠥᠩᠬᠥᠷ ᠢ᠋ᠶ᠋ᠡᠨ ᠬᠡᠲᠦᠷᠡᠭᠦᠯᠴᠢᠬᠡᠪᠡ ᠤᠤ ᠳᠠ? ᠪᠣᠯᠬᠤ ᠦᠭᠡᠢ ᠶᠠᠭᠤᠮᠠᠨ ᠳ᠋ᠤ᠌ ᠮᠢᠨᠦ ᠡᠮᠦᠨ᠎ᠡ ᠡᠴᠡ ᠦᠬᠦᠭᠡᠳ ᠣᠷᠣᠳᠠᠭ ᠰᠢᠳᠤᠷᠭᠤ ᠡᠷ᠎ᠡ ᠶ᠋ᠢᠨ ᠨᠢᠭᠡ ᠰᠠᠨ᠃ ᠦᠨᠡᠬᠡᠷ ᠮᠢᠨᠦ ᠨᠢᠭᠤᠷ ᠢ᠋ ᠦᠵᠡᠵᠦ ᠴᠢᠳᠠᠬᠤ ᠦᠭᠡᠢ᠂ ᠨᠢᠳᠦ ᠳᠠᠯᠳᠠ ᠴᠢᠬᠢ ᠪᠣᠢᠳᠠ ᠭᠠᠵᠠᠷ ᠪᠡᠶ᠎ᠡ ᠪᠡᠨ ᠴᠦᠯᠡᠵᠦ ᠶᠠᠪᠤᠭᠰᠠᠨ ᠶᠤᠮ ᠪᠣᠯᠪᠠ ᠤᠤ? ᠡᠰᠡᠪᠡᠰᠦ ᠳᠠᠩ ᠭᠠᠭᠴᠠᠭᠠᠷ ᠢ᠋ᠶ᠋ᠠᠨ ᠳᠡᠭᠡᠷᠡᠮ ᠡᠴᠡ ᠥᠰᠢᠶ᠎ᠡ ᠪᠡᠨ ᠠᠪᠤᠨ᠎ᠠ ᠭᠡᠵᠦ ᠣᠴᠢᠭᠠᠳ ᠬᠢᠭᠳᠡᠴᠢᠬᠡᠪᠡ ᠤᠤ⁈ ᠠᠷᠠᠢ ᠴᠦ᠍ ᠦᠭᠡᠢ ᠪᠠᠢᠬ᠎ᠠ ᠠ᠋!᠁》 ᠭᠡᠵᠦ ᠪᠣᠳᠣᠯᠭ᠎ᠠ ᠪᠣᠯᠤᠨ᠎ᠠ᠃  
         ᠁  
       ᠨᠢᠭᠡ ᠥᠷᠯᠥᠭᠡᠭᠦᠷ ᠠᠷᠵᠠᠭᠠᠢ ᠶ᠋ᠢᠨ ᠲᠠᠯ᠎ᠠ ᠶ᠋ᠢᠨ ᠴᠥᠭᠡᠨ ᠪᠤᠲᠠ ᠲᠠᠢ ᠳᠡᠷᠡᠰᠦᠷᠬᠡᠭ ᠵᠣ ᠠ᠋ᠴᠠ ᠲᠣᠭᠣᠰᠣ ᠮᠠᠨᠠᠨ ᠲᠠᠲᠠᠭᠤᠯᠤᠨ ᠰᠦᠷᠦᠭ ᠠᠳᠤᠭᠤ ᠭᠡᠯᠢᠭᠰᠡᠨ ᠪᠥᠭᠴᠥᠩ ᠮᠥᠷᠥ ᠲᠡᠢ ᠡᠷ᠎ᠡ ᠭᠠᠯᠭᠢᠭᠤᠯᠤᠨ᠎ᠠ᠃ ᠬᠣᠶᠠᠷ ᠣᠪᠣᠭᠠᠨ① ᠤ᠋ ᠬᠣᠢᠲᠤ ᠪᠠᠯ ᠤ᠋ᠨ ᠭᠢᠯᠭᠠᠨ᠎ᠠ ᠲᠠᠢ ᠪᠡᠯᠴᠢᠭᠡᠷ ᠲᠦ᠍ ᠠᠳᠤᠭᠤ ᠪᠠᠨ ᠲᠣᠭᠲᠠᠭᠠᠵᠤ ᠲᠡᠷᠡ ᠡᠷ᠎ᠡ ᠡᠮᠡᠭᠡᠯ ᠢ᠋ᠶ᠋ᠡᠨ ᠳᠡᠷᠡᠯᠡᠨ ᠨᠣᠢᠷᠰᠤᠪᠠ᠃ ᠰᠥᠨᠢᠵᠢᠨ ᠨᠢᠳᠦ ᠬᠠᠮᠬᠢᠯ ᠦᠭᠡᠢ ᠠᠳᠤᠭᠤ ᠭᠡᠯᠢᠭᠰᠡᠨ ᠲᠡᠷᠡ ᠡᠷ᠎ᠡ ᠯᠤᠩ ᠰᠤᠩ ᠦᠭᠡᠢ ᠤᠨᠲᠠᠵᠤ ᠣᠷᠬᠢᠵᠠᠢ᠃ ᠬᠡᠭᠡᠷ ᠵᠢᠰᠦᠮ ᠭᠣᠣᠯᠲᠠᠢ ᠤᠷᠲᠤ ᠤᠷᠲᠤ ᠵᠣ ᠲᠠᠢ ᠪᠤᠷᠤᠭᠤ ᠲᠠᠯ᠎ᠠ ᠶ᠋ᠢᠨ ᠬᠠ ᠳ᠋ᠠᠭᠠᠨ ᠰᠠᠷᠠᠨ ᠲᠠᠮᠠᠭ᠎ᠠ ᠲᠠᠢ ᠳᠠᠯᠠᠭᠠᠳ ᠠᠳᠤᠭᠤ ᠠᠭᠢ ᠬᠢᠯᠭᠠᠨ᠎ᠠ ᠶ᠋ᠢᠨ ᠪᠡᠯᠴᠢᠭᠡᠷ ᠲᠦ᠍ ᠬᠥᠯ ᠲᠣᠭᠲᠠᠬᠤ ᠰᠢᠤᠬᠠᠨ ᠪᠣᠯᠤᠭᠰᠠᠨ ᠴᠦ᠍ ᠭᠠᠵᠠᠷ ᠰᠢᠭᠦᠷᠡᠮ᠎ᠡ ᠬᠤᠷ᠎ᠠ ᠳᠡᠯ ᠤᠨᠵᠢᠭᠤᠯᠤᠭᠰᠠᠨ ᠬᠡᠭᠡᠷ ᠠᠵᠢᠷᠭ᠎ᠠ ᠨᠤᠲᠤᠭ ᠥᠭᠡᠷᠡᠯᠬᠡᠵᠦ ᠠᠯᠤᠰ ᠤ᠋ᠨ ᠪᠠᠷ᠎ᠠ ᠬᠠᠷᠠᠨ ᠴᠢᠬᠢ ᠬᠠᠢᠴᠢᠯᠠᠬᠤ ᠨᠢ ᠠᠳᠤᠭᠤᠨ ᠳ᠋ᠤ᠌ ᠬᠣᠷᠣᠬᠠᠢᠲᠠᠢ ᠬᠥᠮᠦᠨ ᠦ᠌ ᠳᠤᠷ᠎ᠠ ᠶ᠋ᠢ ᠪᠤᠯᠢᠶᠠᠮ᠎ᠠ ᠠᠵᠢ᠃ 
       ᠬᠡᠰᠡᠭ ᠬᠥᠯ ᠠᠮᠠᠷᠠᠭᠠᠵᠤ᠂ ᠭᠡᠳᠡᠰᠦ ᠭᠠᠷᠤᠭᠰᠠᠭᠠᠷ ᠭᠣᠵᠣᠯᠵᠠᠬᠤ ᠤᠷᠭ᠎ᠠ ᠶ᠋ᠢᠨ ᠦᠵᠦᠭᠦᠷ ᠬᠠᠷᠠᠭᠳᠠᠬᠤ ᠦᠭᠡᠢ ᠪᠣᠯ ᠣᠩᠭᠣᠢᠬᠤ② ᠠᠪᠵᠠᠭ᠎ᠠ ᠲᠠᠢ ᠬᠡᠭᠡᠷ ᠠᠵᠢᠷᠭ᠎ᠠ ᠶ᠋ᠢᠨ ᠨᠢᠳᠦ ᠠᠯᠤᠰ ᠢ᠋ ᠪᠠᠷᠠᠯᠠᠵᠤ ᠵᠣᠭᠰᠣᠨ᠎ᠠ᠁ 
       ᠴᠣᠭᠪᠠᠭᠠᠲᠤᠷ ᠴᠡᠷᠢᠭ ᠦ᠋ᠨ ᠠᠭᠲᠠᠴᠢᠨ ᠤ᠋ ᠮᠡᠳᠡᠭᠡ ᠪᠡᠷ ᠶᠠᠪᠤᠵᠤ ᠡᠨᠡ ᠬᠠᠷᠢ ᠬᠣᠯᠠ ᠶ᠋ᠢᠨ ᠠᠳᠤᠭᠤᠳ ᠢ᠋ ᠲᠣᠭᠣᠷᠢᠵᠤ ᠨᠢᠳᠦ ᠬᠠᠶᠠᠴᠢᠬᠠᠭᠠᠳ《ᠠᠷᠭᠤᠮᠠᠭ ᠬᠦᠯᠦᠭ ᠦ᠋ᠨ ᠤᠳᠤᠮ ᠲᠠᠢ ᠠᠭᠲᠠ ᠨᠤᠭᠤᠳ ᠳᠠ! ᠬᠠᠯᠬ᠎ᠠ ᠳᠣᠷᠣᠨ᠎ᠠ ᠭᠣᠪᠢ ᠶ᠋ᠢᠨ ᠴᠠᠭᠠᠨ᠎ᠠ ᠠ᠋ᠴᠠ ᠬᠥᠭᠡᠭᠡᠭᠰᠡᠨ ᠰᠢᠨᠵᠢ ᠲᠡᠢ!》 ᠭᠡᠵᠦ ᠰᠢᠪᠡᠨᠡᠭᠡᠳ ᠪᠥᠬᠡ ᠨᠣᠢᠷᠰᠤᠭᠰᠠᠨ ᠬᠥᠩᠬᠥᠷ ᠵᠠᠮᠪᠠᠯ ᠤ᠋ᠨ ᠳᠡᠷᠭᠡᠳᠡ ᠢᠷᠡᠵᠦ ᠮᠣᠷᠢᠨ ᠠ᠋ᠴᠠ ᠪᠠᠨ ᠪᠠᠭᠤᠭᠠᠳ《ᠬᠥᠭᠡᠷᠦᠬᠦᠢ᠂ ᠮᠥᠨ ᠰᠠᠢᠨ ᠡᠷ᠎ᠡ ᠶᠦᠮ ᠠ᠋! ᠡᠢᠮᠦ ᠯᠡ ᠪᠠᠢᠬᠤ ᠶᠣᠰᠣᠲᠠᠢ》 ᠭᠡᠵᠦ ᠰᠢᠪᠡᠨᠡᠪᠡ᠃ 
       ᠴᠣᠭᠪᠠᠭᠠᠲᠤᠷ ᠬᠥᠩᠭᠡᠨ ᠲᠠᠷᠢᠬᠢ ᠲᠠᠢ ᠣᠪᠵᠢᠨ ᠮᠠᠭᠤᠲᠠᠢ ᠪᠣᠯᠪᠠᠴᠤ ᠬᠢᠷᠢ ᠪᠡᠷ ᠢ᠋ᠶ᠋ᠡᠨ ᠵᠠᠭᠤᠳᠠᠯ ᠬᠠᠲᠠᠭᠤ ᠡᠷ᠎ᠡ ᠶ᠋ᠢᠨ ᠨᠢᠭᠡ ᠪᠠᠢᠪᠠ᠃ ᠲᠡᠷᠡ ᠪᠡᠷ ᠪᠠᠭ᠎ᠠ ᠬᠠᠲᠤᠨ ᠳ᠋ᠤ᠌ ᠴᠢᠷᠠᠢᠴᠢᠯᠠᠯ ᠢ᠋ᠶ᠋ᠠᠷ ᠪᠢᠰᠢ ᠴᠢᠳᠠᠯ ᠢ᠋ᠶ᠋ᠠᠷ ᠢ᠋ᠶ᠋ᠠᠨ ᠲᠣᠭᠣᠭᠳᠠᠵᠤ ᠵᠡᠷᠭᠡ ᠵᠢᠩᠰᠡ ᠨᠡᠮᠡᠭᠳᠡᠬᠦ ᠶ᠋ᠢᠨ ᠠᠨᠢᠰᠤ ᠪᠣᠯ ᠬᠥᠮᠦᠨ ᠦ᠌ ᠡᠮᠡᠭᠡᠯ ᠦ᠋ᠨ ᠠᠷᠤ ᠪᠠᠷ ᠰᠠᠭᠤᠵᠤ ᠯᠠ ᠪᠣᠯᠬᠤ ᠦᠭᠡᠢ᠂ ᠵᠠᠪᠠᠯ ᠪᠤᠰᠤᠳ ᠢ᠋ ᠪᠣᠷᠪᠢ ᠶ᠋ᠢᠨ ᠢ᠋ᠶ᠋ᠡᠨ ᠲᠣᠭᠣᠰᠣᠨ ᠳ᠋ᠤ᠌ ᠬᠠᠬᠠᠭᠤᠯᠵᠤ ᠬᠠᠶᠠᠬᠤ ᠬᠡᠷᠡᠭᠲᠡᠢ᠃ ᠡᠰᠡ ᠲᠡᠢᠮᠦ ᠪᠣᠯ ᠡᠷ᠎ᠡ ᠳᠡᠭᠦᠵᠢᠯᠡᠵᠦ ᠲᠥᠷᠥᠭᠰᠡᠨ ᠦ᠌ ᠠᠴᠢ ᠦᠭᠡᠢ᠃ ᠬᠠᠭᠤᠴᠢᠨ ᠲᠤᠰᠠᠯᠠᠭᠴᠢ ᠮᠢᠩᠭᠠᠨᠪᠤᠤ ᠶ᠋ᠢᠨ ᠬᠦᠦ ᠪᠣᠯᠤᠭᠰᠠᠨ ᠤ᠋ ᠬᠤᠪᠢ ᠳ᠋ᠤ᠌ ᠪᠠᠷᠠᠭᠤᠨ ᠬᠦᠩ ᠢ᠋ ᠳᠣᠷᠭᠢᠭᠤᠯᠤᠭᠰᠠᠨ ᠶᠠᠭᠤᠮ᠎ᠠ ᠬᠢᠬᠦ ᠦᠭᠡᠢ ᠶᠦᠮ ᠪᠣᠯ ᠬᠥᠮᠦᠰ ᠲᠦ᠍ ᠮᠠᠭᠤ ᠪᠠᠨ ᠦᠵᠡᠭᠦᠯᠵᠦ᠂ ᠮᠠᠨᠢ ᠪᠠᠨ ᠪᠤᠷᠤᠭᠤ ᠲᠣᠭᠠᠯᠠᠬᠤ ᠪᠣᠯᠤᠨ᠎ᠠ ᠭᠡᠳ ᠡᠨᠡ ᠬᠣᠶᠠᠷ ᠵᠢᠯ ᠪᠡᠶ᠎ᠡ ᠪᠡᠨ ᠪᠠᠷᠢᠨ ᠣᠪᠣᠭ᠎ᠠ ᠳᠣᠪᠤᠭ᠎ᠠ ᠠᠵᠢᠯ ᠬᠢᠵᠡᠢ᠃ ᠴᠣᠭᠪᠠᠭᠠᠲᠤᠷ᠂ ᠪᠠᠭ᠎ᠠ ᠬᠠᠲᠤᠨ ᠰᠸᠯᠢᠩ ᠦ᠋ᠨ ᠰᠠᠢᠮᠰᠤᠷᠠᠯ ᠢ᠋ ᠣᠯᠬᠤ ᠭᠡᠵᠦ ᠬᠠᠯᠬ᠎ᠠ ᠤᠳᠤᠮ ᠤ᠋ᠨ ᠰᠣᠷᠲᠣᠭᠣ ᠡᠭᠡᠭᠡᠨ③ ᠠᠳᠠᠯᠢ ᠬᠡᠭᠡᠷ ᠵᠢᠰᠦᠮ ᠦ᠋ᠨ ᠲᠠᠪᠢᠨ ᠴᠡᠷᠢᠭ ᠦ᠋ᠨ ᠠᠭᠲᠠ ᠬᠣᠰᠢᠭᠤ ᠶᠠᠮᠤᠨ ᠳ᠋ᠤ᠌ ᠪᠡᠯᠡᠭ ᠥᠭᠴᠦ ᠴᠡᠷᠢᠭ ᠮᠣᠷᠢ ᠪᠠᠨ ᠤᠯᠠᠮ ᠥᠷᠭᠡᠳᠬᠡᠵᠦ ᠪᠠᠷᠠᠭᠤᠨ ᠬᠦᠩ ᠦ᠋ᠨ ᠨᠤᠲᠤᠭ ᠢ᠋ᠶ᠋ᠠᠨ ᠬᠠᠮᠠᠭᠠᠯᠠᠬᠤ ᠳ᠋ᠤ᠌ ᠡᠳᠦᠢ ᠲᠡᠳᠦᠢ ᠦᠢᠯᠡᠳᠦᠯ ᠦᠵᠡᠭᠦᠯᠦᠨ ᠨᠡᠯᠢᠶᠡᠳ ᠰᠦᠷ ᠬᠦᠴᠦᠨ ᠲᠡᠢ ᠪᠣᠯᠪᠠ᠃ 
       ᠪᠠᠭ᠎ᠠ ᠬᠠᠲᠤᠨ ᠰᠸᠯᠢᠩ ᠴᠦ᠍ ᠵᠦᠭᠡᠷ ᠵᠦᠯᠴᠢᠢᠵᠦ ᠰᠠᠭᠤᠭ᠎ᠠ ᠦᠭᠡᠢ ᠶᠦᠮ ᠪᠠᠢᠨ᠎ᠠ᠃ ᠲᠡᠭᠦᠨ ᠦ᠌ ᠪᠠᠢᠳᠠᠯ ᠬᠥᠳᠡᠯᠦᠯ ᠢ᠋ ᠪᠠᠢᠩᠭᠤ ᠠᠨᠬᠬᠠᠷᠴᠤ ᠪᠠᠢᠳᠠᠭ ᠤ᠋ᠨ ᠬᠤᠪᠢ ᠳ᠋ᠤ᠌ ᠶᠠᠷᠢᠶᠠᠨ ᠦᠭᠡᠢ ᠲᠡᠭᠦᠨ ᠦ᠌ ᠰᠠᠨᠠᠵᠤ ᠡᠢᠨ ᠬᠦ᠌ ᠰᠢᠳᠤᠷᠭᠤᠯᠠᠨ ᠪᠠᠢᠭ᠎ᠠ ᠶ᠋ᠢᠨ ᠰᠤᠳᠠᠯ ᠢ᠋ ᠮᠡᠳᠡᠵᠦ《ᠡᠨᠡ ᠬᠥᠮᠦᠨ ᠦ᠌ ᠵᠠᠩ ᠠᠷᠠᠨᠰᠢᠨ ᠤ᠋ ᠣᠨᠴᠠᠯᠢᠭ ᠲᠤ ᠲᠣᠬᠢᠷᠠᠭᠤᠯᠤᠨ ᠪᠣᠭᠳᠠ ᠬᠤᠪᠢᠯᠭᠠᠨ ᠮᠥᠷᠭᠥᠯᠴᠢᠳ ᠲᠦ᠍ ᠠᠳᠢᠰ ᠬᠦᠷᠲᠡᠭᠡᠬᠦ ᠰᠢᠭ ᠪᠠᠭ᠎ᠠ ᠪᠠᠭ᠎ᠠ ᠪᠠᠷ ᠠᠰᠠᠭᠤᠯᠵᠤ ᠢᠳᠡᠭ ᠢᠳᠡᠭ ᠢ᠋ᠶ᠋ᠡᠷ ᠠᠬᠢᠭᠤᠯᠤᠨ ᠤᠷᠮᠠᠰᠢᠭᠤᠯᠬᠤ ᠶ᠋ᠢ ᠪᠣᠳᠣᠬᠤ ᠦᠭᠡᠢ ᠪᠣᠯᠬᠤ ᠦᠭᠡᠢ ᠶᠦᠮ ᠪᠠᠢᠨ᠎ᠠ᠃ ᠲᠡᠭᠡᠬᠦ ᠦᠭᠡᠢ ᠪᠣᠯ ᠣᠭᠵᠣᠮ ᠵᠠᠩ ᠳ᠋ᠠᠭᠠᠨ ᠪᠣᠭᠣᠭᠳᠠᠵᠤ ᠡᠷᠭᠢᠵᠦ ᠳᠡᠢᠯᠬᠦ ᠦᠭᠡᠢ ᠭᠠᠷ ᠬᠠᠵᠠᠬᠤ ᠴᠤ᠌ ᠶᠠᠭᠤ ᠮᠠᠭᠠᠳ⁈ ᠲᠡᠭᠡᠪᠡᠴᠦ ᠬᠠᠶᠠᠭᠠᠨ ᠳ᠋ᠤᠨᠢ ᠬᠠᠶᠠᠴᠢᠬᠠᠭᠠᠳ ᠬᠠᠮᠢᠶᠠᠷᠬᠤ ᠦᠭᠡᠢ ᠪᠤᠶᠤ ᠨᠢᠭᠡ ᠯᠡ ᠡᠮᠬᠦ ᠳᠡᠭᠡᠷ᠎ᠡ ᠴᠠᠳᠬᠠᠵᠤ ᠪᠠᠰᠠ ᠪᠣᠯᠬᠤ ᠦᠭᠡᠢ᠃ ᠨᠢᠳᠦ ᠨᠢ ᠥᠭᠡᠬᠦᠯᠡᠵᠦ ᠬᠥᠮᠦᠨ ᠲᠠᠨᠢᠬᠤ ᠦᠭᠡᠢ ᠬᠡᠭᠰᠡᠯᠵᠡᠵᠦ ᠬᠠᠯᠲᠤᠰᠬᠢᠪᠡᠯ ᠠᠮᠠᠨ ᠬᠦᠵᠦᠭᠦᠦ ᠶ᠋ᠢ ᠴᠢᠨᠢ ᠮᠥᠰᠬᠢᠵᠦ ᠮᠡᠳᠡᠬᠦ ᠬᠥᠮᠦᠨ》 ᠭᠡᠵᠦ ᠰᠠᠢᠨ ᠮᠡᠳᠡᠳᠡᠭ ᠲᠡᠭᠡᠨ ᠴᠣᠭᠪᠠᠭᠠᠲᠤᠷ ᠢ᠋ ᠮᠠᠭᠲᠠᠨ ᠰᠠᠢᠰᠢᠶᠠᠵᠤ ᠪᠠᠷᠠᠭᠤᠨ ᠬᠦᠩ ᠦ᠋ᠨ ᠠᠮᠤᠷ ᠢ᠋ ᠬᠠᠮᠠᠭᠠᠯᠠᠬᠤ ᠳᠤᠸᠠᠨᠵᠠᠩ ᠵᠡᠷᠭᠡ ᠪᠡᠷ ᠲᠣᠮᠢᠯᠠᠬᠤ ᠶ᠋ᠢ ᠵᠠᠩᠵᠤᠨ ᠶᠠᠮᠤᠨ ᠤ᠋ ᠵᠠᠰᠠᠭ ᠠ᠋ᠴᠠ ᠵᠥᠪᠰᠢᠶᠡᠷᠡᠭᠦᠯᠦᠨ ᠴᠡᠷᠢᠭ ᠦ᠋ᠨ ᠵᠡᠷᠭᠡ ᠣᠳᠣ ᠶ᠋ᠢ ᠨᠢ ᠨᠡᠮᠡᠵᠦ ᠥᠭᠪᠡ᠃ 
       ᠭᠠᠩᠭᠠᠩ ᠬᠥᠮᠦᠨ ᠳ᠋ᠦ᠍ ᠭᠠᠷᠠᠬ᠎ᠠ ᠨᠡᠮᠡᠷᠢ ᠭᠡᠳᠡᠭ ᠢ᠋ᠶ᠋ᠡᠷ ᠮᠥᠷᠦᠨ ᠳ᠋ᠡᠭᠡᠨ ᠪᠠᠰᠠ ᠨᠢᠭᠡ ᠣᠳᠣ ᠨᠡᠮᠡᠭᠦᠯᠦᠭᠰᠡᠨ ᠴᠡᠷᠢᠭ ᠦ᠋ᠨ ᠬᠤᠪᠴᠠᠰᠤ ᠬᠡᠳᠡᠷᠴᠦ᠂ ᠠᠬᠤᠷ ᠫᠤᠤ ᠰᠦᠢᠷᠡᠨ ᠭᠠᠤᠯᠢᠨ ᠭᠣᠷᠭᠢ ᠲᠠᠢ ᠣᠷᠣᠰ ᠪᠦᠰᠡ ᠪᠦᠰᠡᠯᠡᠵᠦ᠂ ᠥᠨᠳᠥᠷ ᠵᠣ ᠲᠠᠢ ᠰᠠᠭᠠᠷᠠᠯ ᠮᠣᠷᠢᠨ ᠤ᠋ ᠨᠢᠷᠤᠭᠤᠨ ᠳᠡᠭᠡᠷ᠎ᠡ ᠬᠡᠩᠬᠦᠯᠵᠡᠵᠦ ᠶᠠᠪᠤᠬᠤ ᠳ᠋ᠠᠭᠠᠨ ᠴᠣᠭᠪᠠᠭᠠᠲᠤᠷ ᠬᠡᠨ ᠡᠴᠡ ᠴᠦ᠍ ᠳᠡᠭᠡᠭᠦᠷ ᠠᠯᠢᠨ ᠠ᠋ᠴᠠ ᠴᠤ᠌ ᠣᠨᠴᠠᠭᠠᠢ ᠶᠠᠮᠪᠠ ᠰᠣᠷᠲᠣᠭᠣᠲᠠᠢ ᠪᠣᠯᠤᠭᠰᠠᠨ ᠠᠵᠤᠭᠤ᠃ 
       ᠲᠡᠷᠡ ᠪᠡᠷ ᠠᠮᠲᠠᠰᠢᠭᠰᠠᠨ ᠬᠡᠷᠢᠶ᠎ᠡ ᠠᠷᠪᠠ ᠲᠠᠬᠢᠨ᠎ᠠ ᠭᠡᠭᠴᠢ ᠪᠡᠷ ᠡᠨᠡᠬᠡᠨ ᠵᠡᠷᠭᠡ ᠬᠡᠷᠬᠡᠮ ᠳ᠋ᠡᠭᠡᠨ ᠰᠡᠳᠬᠢᠯ ᠬᠠᠩᠬᠤ ᠦᠭᠡᠢ ᠮᠥᠷᠲᠡᠭᠡᠨ ᠵᠣᠭᠰᠣᠵᠤ ᠰᠢᠭᠡᠳᠡᠭ ᠡᠷ᠎ᠡ ᠬᠥᠮᠦᠨ ᠭᠡᠵᠦ ᠲᠥᠷᠥᠭᠡᠳ ᠡᠮ᠎ᠡ ᠵᠠᠰᠠᠭ ᠤ᠋ᠨ ᠳᠣᠣᠷ᠎ᠠ ᠵᠢᠷᠣᠭᠠᠯᠠᠨ᠎ᠠ ᠭᠡᠭᠴᠢ ᠢᠴᠢᠭᠦᠷᠢ ᠭᠡᠵᠦ ᠪᠣᠳᠣᠨ᠎ᠠ ᠪᠠᠭ᠎ᠠ ᠬᠠᠲᠤᠨ ᠤ᠋ ᠴᠢᠬᠢ ᠶ᠋ᠢ ᠮᠠᠯᠲᠠᠵᠤ ᠪᠠᠰᠠ ᠳᠡᠭᠡᠭᠰᠢ ᠪᠡᠨ ᠣᠭᠰᠢᠬᠤ ᠪᠠᠷ ᠤᠬᠠᠭᠠᠨ ᠪᠣᠳᠣᠯ ᠢ᠋ᠶ᠋ᠠᠨ ᠭᠠᠰᠢᠯᠭᠠᠨ᠎ᠠ᠃ 
       ᠤᠷᠠᠳ ᠤ᠋ᠨ ᠬᠦᠩ ᠦ᠋ᠨ ᠬᠣᠰᠢᠭᠤᠳ ᠤ᠋ᠨ ᠳᠣᠲᠣᠷ᠎ᠠ《ᠤᠷᠠᠨ ᠬᠣᠩᠰᠢᠶᠠᠷᠲᠤ ᠤᠬᠠᠭᠠᠨ ᠤ᠋ ᠤᠭᠤᠲᠠ》 ᠭᠡᠵᠦ ᠠᠯᠳᠠᠷᠰᠢᠭᠰᠠᠨ ᠮᠠᠨᠤᠨᠪᠠᠳᠮ᠎ᠠ ᠬᠥᠭᠰᠢᠨ ᠴᠦ᠍ ᠬᠥᠪᠡᠭᠦᠨ ᠦ᠌ ᠪᠡᠨ ᠡᠨᠡ ᠤᠴᠢᠷ ᠲᠤ ᠰᠡᠳᠬᠢᠯ ᠵᠣᠪᠠᠬᠤ ᠦᠭᠡᠢ ᠪᠠᠢᠵᠤ ᠴᠢᠳᠠᠬᠤ ᠦᠭᠡᠢ ᠶ᠋ᠢᠨ ᠤᠯᠠᠮ ᠠ᠋ᠴᠠ ᠴᠣᠭᠪᠠᠭᠠᠲᠤᠷ ᠤ᠋ᠨ ᠪᠠᠢᠩᠭᠤ ᠭᠤᠩᠰᠢᠭᠠᠳ ᠪᠠᠢᠳᠠᠭ ᠭᠠᠤᠯᠢᠨ ᠬᠣᠩᠬᠣ ᠨᠢ ᠲᠡᠭᠦᠨ ᠦ᠌ ᠴᠢᠬᠢᠨ ᠬᠤᠯᠤᠭᠤ ᠶ᠋ᠢ ᠠᠮᠤᠷ ᠪᠠᠢᠯᠭᠠᠬᠤ ᠦᠭᠡᠢ ᠪᠠᠢᠯ᠎ᠠ᠃ ᠲᠡᠢᠨ ᠬᠦ᠌ ᠡᠨᠡ ᠶᠠᠪᠤᠳᠠᠯ ᠳ᠋ᠤ᠌ ᠡᠬᠡ ᠬᠥᠪᠡᠭᠦᠨ ᠦ᠌ ᠰᠡᠳᠬᠢᠯ ᠨᠢᠭᠡ ᠡᠷᠴᠢᠮ ᠳ᠋ᠦ᠍ ᠴᠢᠩᠭᠠᠷᠠᠵᠤ᠂ ᠡᠷᠬᠡ ᠰᠦᠷ ᠲᠡᠢ ᠦᠶ᠎ᠡ ᠳ᠋ᠦ᠍ ᠡᠳ᠋ ᠮᠥᠩᠭᠥ ᠪᠡᠷ ᠳᠤᠲᠠᠬᠤ ᠦᠭᠡᠢ᠂ ᠡᠳ᠋ ᠮᠥᠩᠭᠥ ᠲᠡᠢ ᠬᠥᠮᠦᠨ ᠴᠦ᠍ ᠡᠷᠬᠡ ᠰᠦᠷ ᠢ᠋ ᠣᠯᠵᠤ ᠪᠣᠯᠤᠨ᠎ᠠ ᠭᠡᠳᠡᠭ ᠬᠤᠪᠢᠰᠤᠩᠭᠤᠢ ᠬᠠᠷᠢᠴᠠᠭᠠᠨ ᠤ᠋ ᠣᠨᠢ ᠶ᠋ᠢ ᠣᠯᠤᠭᠰᠠᠨ ᠮᠠᠨᠤᠨᠪᠠᠳᠮ᠎ᠠ ᠬᠥᠭᠰᠢᠨ ᠳᠣᠲᠣᠷ᠎ᠠ ᠪᠠᠨ《ᠪᠢ ᠡᠳ᠋ ᠮᠥᠩᠭᠥ ᠥᠷᠡᠭᠡᠬᠦ ᠦᠭᠡᠢ ᠪᠡᠷ ᠤᠯᠠᠭᠠᠨ ᠨᠢᠭᠤᠷ ᠢ᠋ᠶ᠋ᠠᠨ ᠠᠪᠤᠭᠠᠳ ᠣᠴᠢᠯ᠎ᠠ ᠴᠤ᠌ ᠭᠡᠰᠡᠨ ᠪᠠᠭ᠎ᠠ ᠬᠠᠲᠤᠨ ᠤᠷᠢᠳᠤ ᠶ᠋ᠢᠨ ᠨᠠᠢᠷ ᠭᠠᠪᠢᠶ᠎ᠠ ᠶ᠋ᠢ ᠪᠣᠳᠣᠵᠤ᠂ ᠤᠯᠠᠭᠠᠨ ᠨᠢᠭᠤᠷ ᠢ᠋ ᠮᠢᠨᠢ ᠥᠩᠭᠡᠯᠡᠬᠦ ᠦᠭᠡᠢ ᠴᠦ᠍ ᠬᠥᠳᠡᠬᠦ ᠪᠡᠷ ᠦᠭᠡᠢ》 ᠭᠡᠵᠦ ᠪᠠᠭ᠎ᠠ ᠬᠠᠲᠤᠨ ᠰᠸᠯᠢᠩ ᠢ᠋ ᠪᠠᠷᠳᠠᠮ ᠢᠲᠡᠭᠡᠨ᠎ᠡ᠃ ᠲᠡᠭᠡᠪᠡᠴᠦ ᠬᠦᠦ ᠴᠣᠭᠪᠠᠭᠠᠲᠤᠷ ᠤ᠋ᠨ ᠳᠡᠩᠳᠡᠭᠦᠦ ᠴᠦᠯᠢᠰ ᠠᠭᠠᠰᠢᠨ ᠳ᠋ᠤ᠌ ᠳᠣᠲᠣᠷ᠎ᠠ ᠪᠠᠨ ᠳᠤᠷ᠎ᠠ ᠦᠭᠡᠢᠴᠡᠵᠦ《ᠡᠨᠡ ᠴᠦᠯᠴᠤᠭᠡᠨᠡᠭᠦᠷ ᠴᠡᠷᠢᠭ ᠦ᠋ᠨ ᠯᠢᠶᠠᠨᠵᠠᠩ ᠠ᠋ᠴᠠ ᠪᠠᠨ ᠳᠤᠸᠠᠨᠵᠠᠩ ᠪᠣᠯᠴᠢᠬᠠᠯ᠎ᠠ᠁ ᠵᠢᠭᠠᠬᠠᠨ ᠵᠣᠭ ᠬᠢᠵᠦ ᠪᠠᠢᠭᠠᠳ ᠬᠡᠯᠡᠳᠡᠭ ᠴᠦ᠍ ᠶᠦᠮ ᠤᠤ ᠳᠠ! ᠵᠠ᠂ ᠶᠠᠭᠠᠬᠢᠬᠤ ᠪᠣᠢ! ᠵᠠᠩᠵᠤᠨ ᠳ᠋ᠤ᠌ ᠰᠠᠨᠠᠭᠠᠷᠠᠭᠳᠠᠭ ᠦᠭᠡᠢ ᠴᠡᠷᠢᠭ ᠪᠣᠯ ᠣᠯᠬᠢᠶ᠎ᠠ ᠦᠭᠡᠢ ᠴᠡᠷᠢᠭ ᠭᠡᠳᠡᠭ ᠰᠠᠢᠬᠠᠨ ᠰᠡᠴᠡᠨ ᠦᠭᠡ ᠶ᠋ᠢ ᠪᠠᠰᠠ ᠰᠠᠨᠠᠯᠲᠠᠢ ᠶᠤᠮ! ᠥᠭᠴᠦ ᠯᠡ ᠪᠠᠢᠪᠠᠯ ᠠᠪᠴᠤ ᠯᠠ ᠪᠠᠢᠶ᠎ᠠ᠂ ᠡᠷᠭᠦᠵᠦ ᠯᠡ ᠪᠠᠢᠪᠠᠯ ᠥᠨᠳᠡᠢᠵᠦ ᠯᠡ ᠪᠠᠢᠶ᠎ᠠ!》 ᠭᠡᠳ ᠥᠪᠡᠷ ᠦ᠋ᠨ ᠪᠣᠳᠣᠭᠰᠠᠨ ᠳ᠋ᠠᠭᠠᠨ ᠱᠠᠩᠳᠠᠭᠤᠷᠠᠨ ᠢᠨᠢᠶᠡᠨ᠎ᠡ᠁ 

— — — —  
① ᠭᠠᠵᠠᠷ ᠤ᠋ᠨ ᠨᠡᠷ᠎ᠡ᠃ ᠣᠳᠣ ᠶ᠋ᠢᠨ ᠪᠤᠭᠤᠲᠤ ᠠ᠋ᠴᠠ ᠪᠠᠷᠠᠭᠤᠰᠢ ᠣᠢᠷᠠᠬᠠᠨ ᠪᠣᠢ᠃ ᠬᠣᠶᠠᠷ ᠣᠪᠣᠭ᠎ᠠ ᠬᠣᠭᠣᠷᠣᠨᠳᠣ ᠪᠠᠨ360 ᠮᠧᠲ᠋ᠷ ᠵᠠᠢᠲᠠᠢ᠃ ᠴᠢᠩᠭᠢᠰ ᠦ᠋ᠨ ᠦᠶ᠎ᠡ ᠶ᠋ᠢᠨ ᠨᠤᠮᠤ ᠰᠤᠮᠤ ᠶ᠋ᠢᠨ ᠬᠠᠷᠪᠤᠯᠲᠠ ᠶ᠋ᠢᠨ ᠣᠪᠣᠭ᠎ᠠ ᠭᠡᠵᠦ ᠬᠥᠮᠦᠰ ᠬᠡᠯᠡᠯᠴᠡᠳᠡᠭ᠃ 
② ᠨᠤᠲᠤᠭ ᠤ᠋ᠨ ᠬᠡᠯᠡᠯᠭᠡ᠃ ᠬᠥᠮᠦᠨ ᠠᠮᠢᠲᠠᠨ ᠢ᠋ ᠰᠡᠯᠲᠡᠭᠦᠯᠵᠤ ᠪᠠᠢᠭᠠᠳ ᠤᠷᠭᠤᠨ ᠳᠤᠲᠠᠭᠠᠬᠤ ᠶ᠋ᠢ ᠬᠡᠯᠡᠳᠡᠭ᠃  
③ ᠨᠤᠲᠤᠭ ᠤ᠋ᠨ ᠬᠡᠯᠡᠯᠭᠡ᠃ ᠳᠡᠭᠳᠡ᠂ ᠨᠡᠢᠳᠡᠮ ᠭᠡᠰᠡᠨ ᠤᠳᠬ᠎ᠠ ᠲᠠᠢ᠃  


           ᠦᠰᠦᠭ ᠠᠮᠢᠯᠠᠭᠤᠯᠤᠭᠰᠠᠨ ᠨᠢ᠄ ᠪᠠᠭᠠᠲᠤᠷ