ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠨᠠᠢ᠍ᠮᠠ Үүрийн туяа II – Б ᠂ Ренчин Хоёрдугаар дэвтэр "Гал усны гашуун зовлон"-18 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠨᠠᠢ᠍ᠮᠠ Үүрийн туяа II – Б ᠂ Ренчин Хоёрдугаар дэвтэр "Гал усны гашуун зовлон"-18

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠨᠠᠢ᠍ᠮᠠ Үүрийн туяа II – Б ᠂ Ренчин Хоёрдугаар дэвтэр "Гал усны гашуун зовлон"-18

ᠠᠩᠭᠢᠯᠠᠯ:ᠲᠤᠭᠤᠵᠢ ᠷᠣᠮᠠᠨ
2025-02-10

291

ᠠᠷᠪᠠᠨ ᠨᠠᠢ᠍ᠮᠠ᠂ ULTIMO RACIO REGUM*

               
                    Old  Tartary  the  fierce I  saw  teh  
                     whelming  vintage  hotly  pierce 
  
                                        John  keats * * 

       — ᠨᠣᠶᠠᠨ᠂ ᠥᠨᠥ ᠣᠷᠣᠢ ᠶ᠋ᠢᠨ ᠳᠡᠭᠡᠷᠡᠬᠢ ᠶ᠋ᠢᠨ ᠨᠠᠢᠷ ᠲᠤ᠌  ᠲᠠ ᠮᠣᠷᠢᠯᠠᠬᠤ ᠦᠭᠡᠢ ᠪᠠᠢᠪᠠᠯ ᠶᠠᠭᠠᠬᠢᠨ᠎ᠠ ᠳᠠ ᠠ᠋? ᠪᠢ ᠲᠠᠨ ᠤ᠋ ᠠᠮᠢ ᠨᠠᠰᠤᠨ ᠤ᠋ ᠲᠥᠯᠥᠭᠡ ᠰᠡᠳᠬᠢᠯ ᠵᠣᠪᠠᠨᠢᠵᠤ ᠪᠠᠢᠨ᠎ᠠ᠃ 
       — ᠠ᠂ ᠲᠡᠭᠡᠵᠦ ᠣᠴᠢᠬᠤ ᠦᠭᠡᠢ ᠪᠠᠢᠵᠤ ᠪᠣᠯᠬᠤ ᠦᠭᠡᠢ ᠪᠣᠯᠤᠭᠰᠠᠨ᠃ ᠲᠠ ᠬᠠᠭᠠᠨ ᠢ᠋ ᠮᠡᠳᠡᠨ᠎ᠡ ᠰᠢᠦ ᠳᠡ᠂ ᠥᠨᠥᠳᠥᠷ ᠬᠣᠶᠠᠷ ᠤᠳᠠᠭ᠎ᠠ ᠵᠠᠷᠯᠠᠵᠤ᠂ ᠥᠷᠯᠥᠭᠡ ᠶᠠᠮᠤᠨ ᠳ᠋ᠤ᠌᠂ ᠣᠳᠣ ᠪᠠᠰᠠ ᠮᠠᠨᠠᠢ (ᠮᠠᠨ ᠤ᠋) ᠳ᠋ᠤ᠌ ᠬᠠᠭᠠᠯᠭᠠᠴᠢ ᠪᠠᠨ ᠶᠠᠪᠤᠭᠤᠯᠵᠠᠢ᠃ ᠵᠠᠪᠠᠯ ᠣᠴᠢᠬᠤ ᠬᠡᠷᠡᠭᠲᠡᠢ ᠭᠡᠵᠦ ᠵᠠᠬᠢᠭᠤᠯᠤᠭᠰᠠᠨ᠃ ᠬᠡᠷᠪᠡ  ᠨᠠᠮᠠᠶ᠋ᠢ (ᠨᠠᠮ᠎ᠠ ᠶ᠋ᠢ) ᠡᠰᠡ ᠣᠴᠢᠪᠠᠯ᠂ ᠬᠠᠭᠠᠯᠭᠠᠴᠢ ᠨᠠᠷ ᠳᠠᠪᠬᠢᠵᠤ ᠢᠷᠡᠭᠡᠳ᠂ ᠬᠠᠭᠠᠨ ᠤ᠋ ᠡᠮᠦᠨ᠎ᠡ ᠡᠴᠡ ᠳᠠᠷᠠᠰᠤ ᠬᠦᠷᠭᠡᠵᠦ ᠢᠷᠡᠯ᠎ᠡ ᠭᠡᠳ ᠲᠥᠷᠥᠯ ᠠᠷᠠᠯᠵᠢᠬᠤ ᠠᠷᠠᠵᠠ ᠵᠠᠪᠠᠯ ᠠᠮᠰᠠᠭᠤᠯᠤᠨ᠎ᠠ᠃ ᠲᠡᠭᠡᠭᠰᠡᠨ ᠡᠴᠡ ᠪᠠᠷᠰ ᠤ᠋ᠨ ᠡᠭᠦᠷᠦᠨ ᠳ᠋ᠦ᠍ᠨᠢ(ᠡᠭᠦᠷ ᠲᠦ᠍ ᠨᠢ) ᠠᠵᠠ ᠮᠡᠳᠡᠨ ᠣᠷᠣᠪᠠᠯ ᠳᠡᠭᠡᠷ᠎ᠡ ᠪᠢᠵᠡ᠃ 
       — ᠳᠡᠭᠡᠷᠡᠬᠢ ᠶ᠋ᠢᠨ ᠨᠠᠢᠷ ᠳᠡᠭᠡᠷ᠎ᠡ᠂ ᠡᠬᠡ ᠳᠠᠭᠢᠨᠢ ᠥᠨᠥᠬᠢ ᠲᠥᠷᠥᠯ ᠠᠷᠠᠯᠵᠢᠬᠤ ᠠᠷᠠᠵᠠ ᠲᠠᠨ ᠳ᠋ᠤ᠌ ᠪᠠᠷᠢᠪᠠᠯ ᠶᠠᠭᠠᠬᠢᠨ᠎ᠠ? 
       — ᠲᠡᠭᠡᠪᠡᠯ ᠰᠣᠭᠲᠣᠭᠤ ᠪᠠᠷ ᠳᠠᠯᠢᠮᠳᠠᠭᠤᠯᠤᠨ ᠬᠤᠨᠳᠠᠭ᠎ᠠ ᠶ᠋ᠢ ᠤᠨᠠᠭᠠᠵᠤ ᠠᠰᠬᠠᠨ᠎ᠠ᠃ ᠢᠳᠡᠬᠦ ᠤᠤᠭᠤᠬᠤ ᠳ᠋ᠠᠭᠠᠨ (ᠳ᠋ᠤ᠌ ᠪᠠᠨ) ᠬᠥᠮᠦᠨ ᠦ᠌ ᠤᠤᠭᠤᠭᠰᠠᠨ ᠢᠳᠡᠭᠰᠡᠨ ᠭᠠᠵᠠᠷ ᠠ᠋ᠴᠠ ᠨᠢ ᠯᠡ ᠢᠳᠡᠵᠦ ᠤᠤᠭᠤᠯᠴᠠᠭᠠᠳ ᠪᠠᠢᠪᠠᠯ᠂ ᠨᠢᠭᠡ ᠤᠳᠠᠭ᠎ᠠ ᠳ᠋ᠠᠭᠠᠨ (ᠳ᠋ᠤ᠌ ᠪᠠᠨ) ᠭᠠᠢ ᠦᠭᠡᠢ  ᠪᠣᠯᠪᠠᠤ(ᠪᠣᠯᠪᠠ ᠤᠤ)᠃ ᠬᠠᠷᠢᠨ ᠪᠤᠴᠠᠬᠤ ᠵᠠᠮ ᠳ᠋ᠤ᠌ ᠮᠢᠨᠢ《 ᠮᠣᠷᠢᠨ ᠠ᠋ᠴᠠ ᠣᠢᠴᠢᠯ᠎ᠠ》 ᠭᠡᠵᠦ ᠬᠣᠵᠢᠮ ᠰᠢᠯᠲᠠᠬᠤ ᠨᠢᠭᠡ ᠶᠠᠭᠤᠮ᠎ᠠ ᠠᠷᠭᠠᠯᠠᠵᠤ ᠮᠠᠭᠠᠳ ᠦᠭᠡᠢ᠃ 
       — ᠨᠣᠶᠠᠨ᠂ ᠪᠢ ᠬᠣᠶᠠᠷ ᠰᠠᠢᠨ ᠬᠢᠶ᠎ᠡ ᠳᠠᠭᠠᠭᠤᠯ ᠪᠣᠯᠭᠠᠵᠤ ᠶᠠᠪᠤᠭᠤᠯᠤᠶ᠎ᠠ᠃ ᠶᠠᠪᠤᠬᠤ ᠵᠠᠮ ᠳ᠋ᠤ᠌ ᠰᠡᠭᠦᠳᠡᠷ ᠮᠡᠲᠦ ᠰᠠᠯᠤᠯ ᠦᠭᠡᠢ ᠳᠠᠭᠠᠵᠤ ᠬᠠᠮᠠᠭᠠᠯᠠ ᠭᠡᠵᠦ ᠵᠠᠬᠢᠵᠤ ᠬᠤᠷᠳᠤᠨ ᠫᠤᠤ ᠪᠠᠷᠢᠭᠤᠯᠵᠤ ᠶᠠᠪᠤᠭᠤᠯᠤᠶ᠎ᠠ᠃ ᠨᠣᠶᠠᠨ ᠳ᠋ᠤ᠌᠂ ᠰᠠᠯᠬᠢᠨ ᠳ᠋ᠤ᠌ ᠭᠦᠢᠴᠡᠭᠳᠡᠳᠡᠭ ᠦᠭᠡᠢ ᠬᠤᠷᠳᠤᠨ ᠵᠢᠷᠣᠭ᠎ᠠ ᠪᠣᠷᠣ ᠬᠦᠯᠦᠭ ᠢ᠋ ᠡᠮᠡᠭᠡᠯᠯᠡᠵᠦ ᠥᠭᠭᠦᠶ᠎ᠡ᠃  
       ᠮᠣᠩᠭᠣᠯ ᠤᠯᠤᠰ ᠤ᠋ᠨ ᠭᠠᠳᠠᠭᠠᠳᠤ ᠶᠠᠮᠤᠨ ᠤ᠋ ᠰᠠᠢᠳ᠂  ᠬᠠᠨᠳᠠᠳᠣᠷᠵᠢ ᠴᠢᠨ ᠸᠠᠩ ᠪᠤᠶᠤ ᠬᠤᠷᠢᠶᠠᠩᠭᠤᠢᠯᠠᠪᠠᠯ ᠬᠠᠨᠳᠠ ᠸᠠᠩ ᠭᠡᠳᠡᠭ ᠦ᠋ᠨ ᠬᠤᠰᠢᠭᠤᠨ ᠤ᠋ ᠴᠡᠷᠢᠭ ᠡᠷ᠎ᠡ ᠶ᠋ᠢ ᠮᠡᠳᠡᠬᠦ ᠵᠠᠭᠳᠠ ᠵᠠᠬᠢᠷᠤᠭᠴᠢ᠂ ᠰᠠᠢᠳ ᠴᠢᠨ ᠸᠠᠩ ᠲᠠᠢ ᠰᠠᠶᠢᠬᠠᠨ ᠦᠭᠡ ᠬᠡᠯᠡᠯᠴᠡᠭᠡᠳ ᠴᠢᠷᠠᠢ  ᠳ᠋ᠤᠨᠢ(ᠳ᠋ᠤ᠌ ᠨᠢ) ᠵᠣᠪᠠᠨᠢᠬᠤ ᠪᠠᠢᠳᠠᠯ ᠮᠡᠳᠡᠭᠳᠡᠨ᠂ ᠮᠡᠬᠦᠢᠰᠬᠢᠨ ᠶᠣᠰᠣᠯᠠᠵᠤ᠂ ᠬᠡᠪᠢᠰ ᠴᠢᠮᠡᠭ ᠪᠣᠯᠤᠭᠰᠠᠨ ᠨᠣᠶᠠᠨ ᠤ᠋ ᠦᠷᠭᠦᠭᠡᠨ ᠡᠴᠡ ᠭᠠᠷᠪᠠ᠃  
       ᠬᠠᠨᠳᠠ ᠸᠠᠩ᠂ ᠵᠠᠬᠢᠷᠤᠭᠴᠢ ᠶ᠋ᠢ ᠭᠠᠷᠤᠭᠰᠠᠨ ᠬᠣᠢᠨ᠎ᠠ ᠪᠣᠳᠣᠯᠭ᠎ᠠ ᠪᠣᠯᠵᠤ ᠰᠠᠭᠤᠪᠠ᠃ ᠥᠴᠥᠭᠡᠳᠦᠷ ᠬᠠᠭᠠᠨ ᠳ᠋ᠤ᠌ ᠪᠠᠷᠠᠭᠠᠯᠬᠠᠭᠠᠳ (ᠪᠠᠷᠠᠯᠬᠠᠭᠠᠳ) ᠰᠠᠨᠠᠯ ᠡᠷᠡᠰ ᠵᠥᠷᠢᠭᠰᠡᠨ ᠢ᠋ ᠡᠷᠭᠢᠴᠡᠭᠦᠯᠦᠨ ᠪᠣᠳᠣᠪᠠᠯ᠂ ᠬᠠᠭᠠᠨ ᠵᠢᠯ ᠪᠦᠷᠢ ᠣᠷᠣᠰ ᠤᠯᠤᠰ ᠲᠤ᠌ ᠳᠤᠮᠳᠠᠳᠤ ᠰᠤᠷᠭᠠᠭᠤᠯᠢ᠂ ᠮᠥᠨ ᠲᠤᠰᠬᠠᠢ ᠰᠤᠷᠭᠠᠭᠤᠯᠢ ᠦᠢᠯᠡᠳᠦᠭᠦᠯᠬᠦ ᠪᠡᠷ ᠰᠤᠷᠤᠭᠴᠢᠳ ᠶᠠᠪᠤᠭᠤᠯᠬᠤ ᠶ᠋ᠢ ᠲᠠᠲᠠᠭᠠᠯᠵᠠᠵᠤ᠂ ᠬᠡᠯᠡᠭᠰᠡᠨ ᠦᠭᠡ ᠶ᠋ᠢᠨ ᠥᠩᠭᠡ ᠪᠠᠢᠳᠠᠯ ᠨᠢ ᠬᠡᠳᠦᠢᠪᠡᠷ ᠬᠠᠭᠠᠨ ᠤ᠋ ᠠᠮᠠᠨ ᠠ᠋ᠴᠠ ᠭᠠᠷᠤᠭᠰᠠᠨ ᠦᠭᠡ ᠪᠣᠯᠪᠠᠴᠤ᠂ ᠥᠭᠡᠷ᠎ᠡ ᠬᠥᠮᠦᠨ ᠦ᠌ ᠦᠭᠡ ᠳᠠᠪᠲᠠᠨ ᠬᠡᠯᠡᠵᠦ᠂ ᠪᠤᠰᠤᠳ ᠤ᠋ᠨ ᠠᠮᠠ ᠪᠠᠷ ᠪᠤᠳᠠᠭ᠎ᠠ ᠢᠳᠡᠵᠦ ᠪᠠᠢᠭ᠎ᠠ ᠪᠠᠢᠳᠠᠯ ᠳᠠᠩᠴᠢ(ᠳᠠᠩᠴᠤ) ᠢᠯᠡᠷᠬᠡᠢ ᠪᠠᠢᠵᠠᠢ᠃ ᠬᠠᠨᠳᠠ ᠸᠠᠩ ᠢ᠋᠂ ᠣᠷᠣᠰ ᠤ᠋ᠨ ᠶᠠᠭᠤᠮ᠎ᠠ ᠪᠦᠭᠦᠳᠡ ᠶ᠋ᠢ ᠬᠡᠲᠦᠷᠬᠡᠢ ᠣᠢᠰᠢᠶᠠᠵᠤ ᠳᠣᠲᠣᠨᠣ ᠦᠵᠡᠳᠡᠭ ᠭᠡᠵᠦ ᠬᠠᠭᠠᠨ ᠤ᠋ ᠳᠠᠭᠠᠷᠢᠨ ᠬᠡᠯᠡᠬᠦ ᠳ᠋ᠦ᠍᠂ ᠤᠲᠤᠭ᠎ᠠ ᠲᠠᠢ ᠮᠠᠯᠠᠭᠠᠢ ᠡᠮᠦᠰᠴᠦ ᠭᠠᠷᠪᠠᠰᠤ᠂ ᠰᠠᠢᠳ ᠤ᠋ᠨ ᠣᠢᠷᠠᠬᠢ ᠰᠢᠳᠠᠷ ᠪᠦᠭᠦᠳᠡ ᠭᠠᠳᠠᠭ᠎ᠠ᠂ ᠡᠪᠦᠯ ᠦ᠋ᠨ ᠡᠬᠢᠨ ᠰᠠᠷ᠎ᠠ ᠶ᠋ᠢᠨ ᠦᠳᠡᠰᠢ ᠶ᠋ᠢᠨ ᠪᠦᠷᠦᠢ ᠪᠡᠷ ᠳᠠᠭᠤᠨ ᠴᠢᠮᠡᠭᠡ ᠦᠭᠡᠢ ᠤᠭᠲᠤᠨ ᠲᠣᠰᠴᠤ᠂ ᠴᠢᠨ ᠸᠠᠩ ᠤ᠋ᠨ ᠤᠨᠤᠳᠠᠭ ᠬᠠᠢᠷᠠᠲᠠᠢ ᠵᠢᠷᠣᠭ᠎ᠠ ᠪᠣᠷᠣ ᠬᠦᠯᠦᠭ ᠮᠣᠷᠢ ᠶ᠋ᠢ ᠳᠠᠭᠤᠨ ᠴᠢᠮᠡᠭᠡ ᠦᠭᠡᠢ ᠠᠪᠴᠢᠷᠠᠪᠠ᠃ ᠬᠣᠶᠠᠷ ᠴᠢᠭᠢᠷᠠᠭ ᠴᠡᠷᠢᠭ ᠡᠷ᠎ᠡ᠂ ᠰᠠᠢᠳ ᠢ᠋ ᠮᠣᠷᠢᠨ ᠳ᠋ᠠᠭᠠᠨ ᠮᠣᠷᠳᠠᠬᠤ ᠶ᠋ᠢ ᠳᠠᠭᠤᠨ ᠴᠢᠮᠡᠭᠡ ᠦᠭᠡᠢ ᠬᠦᠯᠢᠶᠡᠨ ᠵᠣᠭᠰᠣᠵᠤ ᠪᠠᠢᠪᠠ᠃ 
       ᠳᠡᠭᠡᠷᠡᠬᠢ ᠶ᠋ᠢᠨ ᠨᠠᠢᠷ ᠲᠤ᠌  ᠡᠴᠦᠰ ᠦ᠋ᠨ ᠤᠳᠠᠭ᠎ᠠ ᠣᠴᠢᠵᠤ ᠶᠠᠪᠤᠭ᠎ᠠ ᠰᠠᠢᠳ ᠢ᠋ ᠦᠳᠡᠬᠦ ᠭᠡᠵᠦ ᠳᠠᠭᠤᠨ ᠴᠢᠮᠡᠭᠡ ᠦᠭᠡᠢ ᠴᠤᠭᠯᠠᠭᠠᠳ᠂ ᠦᠳᠡᠰᠢ ᠶ᠋ᠢᠨ ᠪᠦᠷᠦᠢ ᠳ᠋ᠦ᠍ ᠬᠠᠷᠠᠯᠠᠨ ᠣᠪᠣᠭᠠᠷᠠᠯᠳᠤᠵᠤ ᠵᠣᠭᠰᠣᠭᠰᠠᠨ ᠤᠯᠤᠰ ᠢ᠋ ᠡᠷᠭᠢᠵᠦ ᠬᠠᠷᠠᠭᠠᠳ᠂ ᠬᠠᠨᠳᠠ ᠸᠠᠩ ᠮᠣᠷᠢᠨ ᠳ᠋ᠠᠭᠠᠨ ᠮᠣᠷᠳᠠᠵᠤ᠂ ᠡᠮᠦᠨ᠎ᠡ ᠵᠦᠭ᠂ ᠲᠤᠤᠯᠠ ᠶ᠋ᠢᠨ ᠬᠥᠪᠡᠭᠡ ᠳ᠋ᠡᠬᠢ ᠬᠠᠭᠠᠨ ᠤ᠋ ᠣᠷᠳᠣᠨ ᠤ᠋ ᠵᠦᠭ ᠮᠣᠷᠢᠨ ᠤ᠋ ᠰᠡᠭᠦᠯ ᠬᠥᠳᠡᠯᠭᠡᠨ ᠶᠠᠪᠤᠪᠠ᠃ ᠫᠤᠤ ᠲᠠᠢ ᠬᠣᠶᠠᠷ ᠴᠡᠷᠢᠭ ᠬᠣᠢᠨ᠎ᠠ ᠠ᠋ᠴᠠ ᠨᠢ ᠪᠠᠷᠠᠭ᠎ᠠ(ᠪᠠᠷ᠎ᠠ) ᠪᠣᠯᠵᠤ ᠳᠠᠭᠠᠯᠳᠤᠪᠠ᠃ ᠠᠮᠢᠲᠠᠨ ᠤ᠋ ᠬᠥᠯ ᠲᠠᠰᠤᠷᠠᠵᠤ ᠨᠠᠮ ᠭᠦᠮ ᠪᠣᠯᠤᠭᠰᠠᠨ ᠬᠦᠷᠢᠶᠡᠨ ᠦ᠌ ᠭᠤᠳᠤᠮᠵᠢ ᠴᠢᠯᠥᠭᠡ ᠪᠡᠷ ᠶᠠᠪᠠᠭᠠᠨ ᠰᠢᠭᠤᠷᠭ᠎ᠠ᠂ ᠴᠠᠰᠤ ᠰᠡᠷᠴᠢᠭᠢᠨᠡᠭᠦᠯᠦᠨ ᠰᠢᠭᠤᠷᠪᠠ᠃ 
       ᠰᠠᠢᠳ ᠸᠠᠩ ᠤ᠋ᠨ ᠬᠠᠰᠢᠶᠠᠨ ᠳ᠋ᠤ᠌ ᠲᠡᠷᠡ ᠰᠥᠨᠢ᠂ ᠬᠥᠮᠦᠨ ᠨᠢᠳᠦ ᠠᠨᠢᠭᠰᠠᠨ ᠦᠭᠡᠢ᠂ ᠬᠠᠰᠢᠶᠠᠨ ᠳᠣᠲᠣᠷᠠᠬᠢ ᠭᠡᠷ᠂ ᠰᠠᠢᠳ ᠤ᠋ᠨ ᠪᠠᠢᠰᠢᠩ ᠳ᠋ᠤ᠌ ᠴᠥᠮ ᠳ᠋ᠧᠩ ᠦ᠋ᠨ ᠭᠡᠷᠡᠯ ᠰᠦᠮᠡᠯᠵᠡᠨ᠂ ᠦᠭᠡ ᠳᠠᠭᠤᠨ ᠶᠠᠷᠢᠶ᠎ᠠ ᠴᠢᠮᠡᠭᠡ ᠪᠡᠨ ᠬᠤᠷᠢᠶᠠᠭᠰᠠᠨ ᠤᠯᠤᠰ᠂ ᠰᠠᠯᠬᠢᠨ ᠤ᠋ ᠴᠢᠮᠡᠭᠡ ᠴᠢᠩᠨᠠᠨ ᠪᠡᠶ᠎ᠡ ᠪᠡᠶ᠎ᠡ  ᠶ᠋ᠢᠨ ᠥᠭᠡᠳᠡ ᠬᠠᠶᠠ ᠬᠠᠷᠠᠵᠤ᠂ ᠠᠮᠠᠨ ᠳᠣᠲᠣᠷ᠎ᠠ ᠪᠠᠨ ᠤᠷᠤᠭᠤᠯ ᠬᠥᠳᠡᠯᠭᠡᠨ ᠵᠠᠯᠪᠠᠷᠢᠵᠠᠭᠠᠵᠤ ᠪᠠᠢᠪᠠ᠃ ᠭᠡᠨᠡᠳᠲᠡ ᠦᠬᠡᠷ ᠴᠠᠭ ᠤ᠋ᠨ ᠰᠡᠭᠦᠯ ᠢ᠋ᠶ᠋ᠡᠷ ᠲᠠᠰᠢᠷᠠᠮ ᠬᠠᠭᠠᠯᠭ᠎ᠠ ᠳᠤᠤᠭᠠᠷᠬᠤ ᠴᠢᠮᠡᠭᠡ ᠭᠠᠷᠤᠭᠰᠠᠨ ᠳ᠋ᠤ᠌ ᠂ ᠭᠡᠷ ᠡᠴᠡ ᠤᠯᠤᠰ ᠶᠠᠭᠠᠷᠠᠨ ᠤᠭᠲᠤᠷ᠎ᠠ ᠭᠠᠷᠴᠠᠭᠠᠵᠤ᠂ ᠳᠡᠪᠡᠯ ᠬᠤᠪᠴᠠᠰᠤ ᠨᠢ ᠴᠠᠰᠤ ᠪᠣᠯᠤᠭᠰᠠᠨ ᠥᠨᠥᠬᠢ ᠬᠣᠶᠠᠷ ᠴᠡᠷᠢᠭ ᠦ᠋ᠨ ᠥᠭᠡᠳᠡ ᠡᠴᠡ ᠰᠢᠷᠲᠡᠨ ᠬᠠᠷᠠᠵᠤ᠂ ᠰᠠᠢᠳ ᠬᠠᠮᠢᠭ᠎ᠠ ᠪᠠᠢᠨ᠎ᠠ? ᠭᠡᠵᠦ ᠵᠠᠭᠳᠠ ᠵᠠᠬᠢᠷᠤᠭᠴᠢ ᠶ᠋ᠢᠨ ᠳᠠᠪᠲᠠᠨ ᠠᠰᠠᠭᠤᠬᠤ ᠳ᠋ᠤ᠌᠂  
       — ᠰᠠᠢᠳ ᠣᠷᠳᠣᠨ ᠠ᠋ᠴᠠ ᠭᠠᠷᠴᠤ ᠢᠷᠡᠭᠡ ᠦᠭᠡᠢ᠂ ᠪᠢᠳᠡ ᠬᠠᠰᠢᠶᠠᠨ ᠤ᠋ ᠭᠠᠳᠠᠨ᠎ᠠ ᠵᠣᠭᠰᠣᠵᠤ᠂ ᠰᠠᠯᠬᠢ ᠰᠢᠭᠤᠷᠭᠠᠨ ᠳ᠋ᠤ᠌ ᠣᠰᠤᠭᠤᠨ ᠠᠯᠳᠠᠵᠤ᠂ ᠲᠦᠷ ᠳᠤᠯᠠᠭᠠᠴᠠᠬᠤ ᠭᠡᠵᠦ ᠢᠷᠡᠯ᠎ᠡ᠃ ᠯᠠᠪᠯᠠᠵᠤ ᠠᠰᠠᠭᠤᠪᠠᠯ᠂ ᠦᠷ ᠵᠠᠪᠰᠠᠷᠯᠠᠬᠤ ᠠ᠋ᠴᠠ ᠨᠠᠰᠢ(ᠨᠠᠭᠠᠰᠢ) ᠨᠠᠢᠷ ᠲᠠᠷᠠᠬᠤ ᠦᠭᠡᠢ ᠭᠡᠨ᠎ᠡ ᠪᠢᠯᠡ᠂ ᠭᠡᠬᠦ ᠳ᠋ᠦ᠍ᠨᠢ(ᠳ᠋ᠦ᠍ ᠨᠢ)᠃  
       — ᠵᠠ᠂ ᠡᠳᠡᠨ ᠳ᠋ᠦ᠍ ᠬᠠᠯᠠᠭᠤᠨ ᠴᠠᠢ ᠬᠣᠭᠣᠯᠠ ᠥᠭ᠃ ᠲᠠ ᠨᠠᠷ ᠳᠤᠯᠠᠭᠠᠴᠠᠭᠠᠳ ᠪᠣᠰᠢᠭᠣ ᠪᠤᠴᠠ᠃ ᠳᠤᠯᠠᠭᠠᠨ ᠬᠤᠪᠴᠠᠰᠤᠯᠠᠵᠤ ᠶᠠᠪᠤ᠃ ᠰᠠᠢᠳ ᠢ᠋ ᠬᠡᠵᠢᠶ᠎ᠡ ᠯᠡ ᠭᠠᠷᠴᠤ ᠢᠷᠡᠬᠦ  ᠳ᠋ᠦ᠍ ᠨᠢ ᠪᠡᠯᠡᠨ ᠪᠠᠢ ᠭᠡᠵᠦ ᠲᠠ ᠨᠠᠷ ᠲᠤ᠌ ᠡᠰᠡ ᠬᠡᠯᠡᠯᠦ? ᠭᠡᠪᠡ᠃  
       ᠲᠠᠭᠠᠷᠠᠵᠤ ᠪᠡᠭᠡᠷᠡᠭᠰᠡᠨ ᠲᠡᠷᠡ ᠬᠣᠶᠠᠷ ᠴᠡᠷᠢᠭ᠂ ᠬᠠᠯᠠᠭᠤᠨ ᠬᠣᠭᠣᠯᠠ ᠤᠮᠳᠠ ᠢᠳᠡᠵᠦ ᠤᠤᠭᠤᠭᠠᠳ ᠳᠤᠯᠠᠭᠠᠴᠠᠵᠤ᠂ ᠳᠠᠬᠢᠨ ᠮᠣᠷᠢᠨ ᠳ᠋ᠠᠭᠠᠨ(ᠳ᠋ᠤ᠌ ᠪᠠᠨ)ᠮᠣᠷᠳᠠᠭᠠᠳ᠂ ᠬᠣᠢᠨ᠎ᠠ ᠠ᠋ᠴᠠ ᠰᠠᠯᠬᠢᠯᠠᠬᠤ ᠰᠠᠯᠬᠢᠨ ᠳ᠋ᠤ᠌ ᠲᠠᠭᠤᠭᠳᠠᠨ᠂ ᠠᠯᠵᠠᠯ ᠦᠭᠡᠢ ᠲᠤᠤᠯᠠ ᠶ᠋ᠢᠨ ᠬᠥᠪᠡᠭᠡᠨ ᠳ᠋ᠡᠬᠢ ᠪᠣᠭᠳᠠ ᠬᠠᠭᠠᠨ ᠤ᠋ ᠣᠷᠳᠣᠨ ᠤ᠋ ᠵᠦᠭ ᠬᠠᠲᠠᠷᠢᠨ ᠣᠳᠪᠠ᠃ 
       ᠬᠥᠯᠴᠥᠭᠦᠦ ᠬᠠᠭᠠᠨ᠂ ᠨᠠᠢᠷ ᠤ᠋ᠨ ᠪᠠᠭ᠎ᠠ ᠲᠢᠩᠬᠢᠮ ᠳ᠋ᠦ᠍ ᠡᠬᠡ ᠳᠠᠭᠢᠨᠢ ᠲᠠᠢ ᠵᠡᠷᠭᠡᠴᠡᠨ ᠰᠠᠭᠤᠵᠤ᠂ ᠬᠣᠶᠠᠷ ᠲᠠᠯ᠎ᠠ ᠳ᠋ᠤᠨᠢ ᠰᠢᠳᠠᠷ ᠰᠠᠢᠳ ᠤᠯᠠᠭᠠᠨ ᠵᠡᠭᠡᠷᠳᠡ ᠪᠣᠯᠵᠤ᠂ ᠡᠭᠦᠳᠡ ᠲᠤᠰᠢᠶ᠎ᠠ ᠬᠤᠭᠤᠷᠴᠢ ᠳᠠᠭᠤᠤᠴᠢ ᠨᠠᠷ ᠨᠠᠢᠷ ᠤ᠋ᠨ ᠬᠥᠭᠵᠢᠮ ᠳᠠᠭᠤᠤ ᠡᠷᠭᠦᠵᠦ ᠰᠠᠭᠤᠪᠠ᠃ ᠳᠡᠷᠭᠡᠳᠡ ᠶ᠋ᠢᠨ ᠯᠠᠮᠠ ᠬᠠᠭᠠᠯᠭᠠᠴᠢ ᠨᠠᠷ ᠳ᠋ᠧᠩ ᠯᠡ ᠶ᠋ᠢᠨ ᠭᠡᠷᠡᠯ ᠵᠠᠰᠠᠵᠤ᠂ ᠯᠠ ᠰᠣᠯᠢᠵᠤ ᠴᠢᠮᠡᠭᠡ ᠦᠭᠡᠢ ᠭᠢᠰᠬᠢᠨ ᠡᠭᠦᠪᠡᠷ ᠲᠡᠭᠦᠪᠡᠷ ᠶᠠᠪᠤᠵᠤ᠃ ᠬᠠᠭᠠᠨ ᠤ᠋ ᠠᠷᠢᠬᠢᠨ ᠤ᠋ ᠨᠥᠬᠥᠷ᠂ ᠰᠢᠳᠠᠷ ᠰᠠᠢᠳ ᠪᠥᠭᠡᠳ ᠰᠢᠭᠦᠬᠦ ᠶᠠᠮᠤᠨ ᠤ᠋ ᠰᠠᠢᠳ ᠨᠠᠮᠰᠠᠷᠠᠢ᠂ ᠬᠠᠨᠳᠠ ᠸᠠᠩ ᠤ᠋ᠨ ᠳᠡᠷᠭᠡᠳᠡ ᠰᠠᠭᠤᠭᠠᠳ᠂ ᠪᠣᠭᠳᠠ ᠶ᠋ᠢᠨ ᠠᠯᠢᠶ᠎ᠠ ᠰᠠᠯᠪᠠᠳᠠᠢ ᠶ᠋ᠢ ᠣᠷᠣᠰ ᠲᠣᠷᠭᠤᠪ ᠨᠠᠷ  ᠳᠠ ᠬᠦᠷᠢᠶᠡᠨ ᠳ᠋ᠦ᠍ ᠤᠯᠠᠭᠠᠨ ᠦᠨᠳᠦᠭᠨᠡᠭᠦᠷ ᠭᠤᠷᠪᠠᠨ ᠮᠣᠷᠢ ᠬᠥᠯᠦᠭᠰᠡᠨ (ᠬᠥᠯᠯᠡᠭᠰᠡᠨ)ᠲᠡᠷᠭᠡ ᠴᠢᠷᠭ᠎ᠠ ᠪᠠᠷ ᠢᠩᠭᠢᠵᠦ ᠨᠠᠢᠷᠯᠠᠨ ᠳᠠᠪᠬᠢᠳᠠᠭ ᠭᠡᠵᠦ ᠪᠡᠶ᠎ᠡ ᠪᠡᠷ ᠳᠦᠷᠰᠦᠯᠡᠨ ᠦᠵᠡᠭᠦᠯᠵᠦ ᠪᠠᠢᠭᠰᠠᠨ ᠢ᠋ ᠬᠠᠷᠠᠵᠤ  ᠶᠡᠬᠡ ᠯᠡ ᠢᠨᠢᠶᠡᠵᠦ ᠰᠠᠭᠤᠪᠠ᠃ 
       ᠴᠢᠩᠭᠢᠲᠡᠯ᠎ᠡ᠂ ᠬᠠᠭᠠᠨ ᠪᠦᠯᠡᠵᠡᠭ ᠵᠡᠭᠦᠭᠰᠡᠨ ᠬᠤᠷᠤᠭᠤ ᠪᠠᠨ ᠵᠠᠩᠭᠢᠳᠴᠤ᠂ ᠡᠮᠦᠨᠡᠬᠢ ᠰᠢᠷᠡᠭᠡ ᠪᠡᠨ ᠲᠦᠰᠬᠢᠲᠡᠯ᠎ᠡ ᠴᠣᠬᠢᠮᠠᠭᠴᠠ᠂ ᠶᠠᠷᠢᠶ᠎ᠠ ᠴᠢᠮᠡᠭᠡ ᠪᠦᠷᠢᠨ ᠨᠠᠮᠳᠠᠪᠠ᠃ ᠬᠠᠭᠠᠨ᠂ ᠡᠬᠡ ᠳᠠᠭᠢᠨᠢ ᠶ᠋ᠢᠨ ᠵᠦᠭ ᠲᠣᠯᠣᠭᠠᠢ ᠪᠠᠨ ᠳᠣᠬᠢᠵᠤ᠂ ᠲᠣᠳᠣᠬᠠᠨ ᠢ᠋ᠶ᠋ᠠᠷ ᠥᠭᠦᠯᠡᠷᠦᠨ᠂ 
       — ᠰᠠᠢᠳ ᠬᠠᠨᠳᠠ ᠴᠢᠨ ᠸᠠᠩ ᠳ᠋ᠤ᠌ ᠠᠷᠠᠵᠠ ᠱᠠᠩᠨᠠᠶ᠎ᠠ ᠭᠡᠪᠡᠯ ᠦᠲᠡᠯᠦᠰ ᠬᠢᠭᠰᠡᠨ ᠣᠪᠣᠷ ᠲᠠᠢ ᠤᠯᠴᠠᠭᠠᠷ ᠡᠬᠡ ᠳᠠᠭᠢᠨᠢ᠂ ᠰᠣᠶᠣᠭ ᠯᠠᠮᠠ ᠶ᠋ᠢᠨ ᠡᠷᠭᠦᠭᠰᠡᠨ ᠥᠴᠦᠬᠡᠨ ᠲᠡᠳᠦᠢ ᠪᠤᠯᠢᠩᠭᠠᠷ(ᠪᠤᠯᠠᠩᠭᠢᠷ) ᠥᠩᠭᠡ ᠲᠡᠢ ᠠᠷᠠᠵᠠ ᠲᠠᠢ ᠱᠠᠵᠠᠩ(ᠱᠠᠭᠠᠵᠠᠩ) ᠠᠶᠠᠭ᠎ᠠ ᠪᠠᠷᠢᠭᠠᠳ᠂ ᠬᠠᠨᠳᠠ ᠴᠢᠨ ᠸᠠᠩ ᠤ᠋ᠨ ᠵᠦᠭ ᠬᠣᠶᠠᠷ ᠭᠠᠷ ᠢ᠋ᠶ᠋ᠠᠷ ᠠᠷᠠᠵᠠ ᠪᠠᠷᠢᠲᠠᠯ᠎ᠠ ᠬᠠᠨᠳᠠ ᠸᠠᠩ ᠨᠠᠢᠭᠤᠨ ᠪᠣᠰᠴᠤ᠂ ᠰᠣᠭᠲᠣᠭᠤ ᠬᠥᠮᠦᠨ ᠦ᠌ ᠰᠡᠷᠪᠡᠰᠬᠢᠬᠦ ᠠᠯᠬᠤᠮ ᠢ᠋ᠶ᠋ᠠᠷ ᠡᠬᠡ ᠳᠠᠭᠢᠨᠢ ᠬᠠᠲᠤᠨ ᠤ᠋ ᠡᠮᠦᠨ᠎ᠡ ᠣᠴᠢᠵᠤ᠂ ᠳᠡᠭᠡᠷᠡᠬᠢ ᠶ᠋ᠢᠨ ᠱᠠᠩᠨᠠᠭᠰᠠᠨ ᠠᠷᠠᠵᠠ ᠬᠦᠷᠲᠡᠬᠦ ᠳᠦᠷᠢᠮ ᠶᠣᠰᠣᠭᠠᠷ ᠰᠥᠭᠥᠳᠴᠦ᠂ ᠠᠶᠠᠭ᠎ᠠ ᠲᠠᠢ ᠠᠷᠢᠬᠢ ᠶ᠋ᠢ ᠠᠪᠤᠲᠠᠯ᠎ᠠ(ᠠᠪᠲᠠᠯ᠎ᠠ)᠂ ᠭᠡᠨᠡᠳᠲᠡ ᠠᠯᠳᠠᠵᠤ ᠭᠠᠵᠠᠷ ᠤᠨᠠᠭᠠᠪᠠᠰᠤ᠂ ᠡᠶᠡᠯᠳᠡᠭ ᠰᠠᠢᠬᠠᠨ ᠢ᠋ᠶ᠋ᠠᠷ ᠮᠦᠰᠢᠶᠡᠵᠦ ᠪᠠᠢᠭᠰᠠᠨ ᠡᠬᠡ ᠳᠠᠭᠢᠨᠢ ᠭᠡᠨᠡᠳᠲᠡ ᠬᠥᠮᠥᠰᠬᠡ ᠪᠡᠨ ᠠᠲᠤᠷᠢᠭᠤᠯᠪᠠ᠃ ᠰᠠᠢᠳ ᠸᠠᠩ ᠪᠥᠬᠥᠢᠭᠡᠳ᠂ ᠠᠰᠬᠠᠷᠠᠭᠰᠠᠨ ᠠᠷᠢᠬᠢ ᠶ᠋ᠢ ᠪᠠᠷᠠᠭᠤᠨ ᠭᠠᠷ ᠤ᠋ᠨ ᠨᠡᠷ᠎ᠡ ᠦᠭᠡᠢ ᠬᠤᠷᠤᠭᠤ ᠪᠠᠷ ᠬᠦᠷᠴᠦ᠂ ᠳᠤᠬᠤᠨ ᠳ᠋ᠠᠭᠠᠨ ᠳᠦᠷᠭᠢᠭᠡᠳ᠂ ᠳᠠᠬᠢᠨ ᠬᠤᠷᠤᠭᠤ ᠪᠠᠨ ᠲᠦᠷᠢᠵᠦ(ᠲᠥᠷᠥᠵᠦ)᠂ ᠤᠷᠤᠭᠤᠯ ᠳ᠋ᠠᠭᠠᠨ ᠲᠦᠷᠬᠢᠭᠰᠡᠨ ᠳᠦᠷᠢᠮ ᠦᠵᠡᠭᠦᠯᠦᠭᠡᠳ ᠪᠣᠰᠴᠤ᠂ ᠬᠠᠭᠠᠨ ᠤ᠋ ᠬᠠᠢᠷᠠᠯᠠᠭᠰᠠᠨ ᠠᠷᠠᠵᠠ ᠶ᠋ᠢᠨ ᠬᠡᠰᠢᠭ ᠬᠦᠷᠲᠡᠭᠰᠡᠨ ᠶᠣᠰᠣᠭᠠᠷ ᠰᠥᠭᠥᠳᠴᠦ᠂ ᠭᠤᠷᠪᠠᠨᠲᠠ ᠮᠥᠷᠭᠥᠭᠡᠳ ᠨᠦᠰᠡᠷ ᠪᠠᠢᠳᠠᠯ ᠲᠠᠢ ᠥᠨᠳᠡᠢᠨ ᠪᠣᠰᠴᠤ᠂ ᠤᠭ ᠰᠠᠭᠤᠳᠠᠯ ᠳ᠋ᠠᠭᠠᠨ ᠡᠭᠡᠵᠦ ᠰᠠᠭᠤᠪᠠ᠃ 
       ᠡᠬᠡ ᠳᠠᠭᠢᠨᠢ ᠶ᠋ᠢᠨ ᠳᠣᠬᠢᠶ᠎ᠠ ᠥᠭᠭᠦᠮᠡᠭᠴᠡ᠂ ᠨᠣᠢᠷᠰᠤᠬᠤ ᠯᠠᠪᠠᠷᠠᠩ ᠤ᠋ᠨ ᠬᠣᠶᠠᠷ ᠯᠠᠮᠠ ᠬᠦᠷᠴᠦ ᠢᠷᠡᠭᠡᠳ᠂ ᠬᠠᠭᠠᠨ ᠢ᠋ ᠲᠦᠰᠢᠵᠦ ᠨᠣᠢᠷᠰᠤᠬᠤ ᠯᠠᠪᠠᠷᠠᠩ ᠳ᠋ᠤ᠌ ᠵᠠᠯᠠᠪᠠ᠃ ᠡᠬᠡ ᠳᠠᠭᠢᠨᠢ ᠪᠣᠰᠴᠤ᠂ ᠭᠠᠷ ᠢ᠋ᠶ᠋ᠠᠷ ᠰᠠᠯᠬᠤ ᠶᠣᠰᠣ ᠬᠢᠵᠦ ᠮᠡᠬᠦᠢᠰᠬᠢᠭᠡᠳ᠂ ᠬᠠᠭᠠᠨ ᠤ᠋ ᠬᠣᠢᠨ᠎ᠠ ᠠ᠋ᠴᠠ ᠣᠳᠤᠮᠠᠭᠴᠠ᠂ ᠬᠠᠨᠳᠠ ᠸᠠᠩ ᠪᠣᠰᠴᠤ ᠨᠠᠢᠭᠤᠨ ᠱᠠᠷᠪᠠᠭᠰᠠᠭᠠᠷ(ᠰᠠᠷᠪᠠᠭᠰᠠᠭᠠᠷ) ᠳᠣᠣᠷᠠᠲᠤ ᠳᠠᠪᠬᠤᠷᠯᠢᠭ ᠲᠤ᠌ ᠬᠣᠶᠠᠷ ᠬᠠᠭᠠᠯᠭᠠᠴᠢ ᠯᠠᠮᠠ ᠪᠠᠷ ᠲᠦᠰᠢᠭᠦᠯᠦᠨ ᠪᠠᠭᠤᠪᠠ᠃ 
       ᠣᠷᠳᠣᠨ ᠤ᠋ ᠬᠠᠰᠢᠶᠠᠨ ᠤ᠋ ᠭᠠᠳᠠᠨ᠎ᠠ ᠬᠦᠯᠢᠶᠡᠵᠦ ᠪᠠᠢᠭᠰᠠᠨ ᠬᠣᠶᠠᠷ ᠬᠢᠶ᠎ᠡ᠂ ᠰᠠᠢᠳ ᠲᠠᠭᠠᠨ ᠵᠢᠪᠠᠷ ᠲᠤ᠌ ᠤᠳᠠᠲᠠᠯ᠎ᠠ ᠬᠦᠯᠢᠶᠡᠭᠰᠡᠨ ᠵᠢᠷᠣᠭ᠎ᠠ ᠮᠣᠷᠢ ᠶ᠋ᠢ ᠠᠪᠴᠢᠷᠠᠵᠤ ᠲᠦᠰᠢᠨ ᠮᠣᠷᠳᠠᠭᠤᠯᠪᠠ᠃ ᠬᠠᠨᠳᠠ ᠸᠠᠩ ᠤᠮᠠᠷ᠎ᠠ ᠵᠦᠭ ᠴᠢᠭᠯᠡᠵᠦ ᠶᠠᠪᠤᠲᠠᠯ᠎ᠠ ᠬᠦᠢᠲᠡᠨ ᠰᠠᠯᠬᠢᠨ ᠳ᠋ᠤ᠌ ᠭᠠᠷᠤᠮᠠᠭᠴᠠ ᠠᠷᠢᠬᠢᠨ ᠤ᠋ ᠰᠣᠭᠲᠣᠭᠤ ᠨᠡᠮᠡᠭᠳᠡᠨ᠂ ᠭᠡᠨᠡᠳᠲᠡ ᠮᠣᠷᠢ ᠪᠠᠨ ᠲᠠᠰᠢᠭᠤᠷᠳᠠᠨ ᠮᠠᠰᠢ ᠬᠤᠷᠳᠤᠨ ᠢ᠋ᠶ᠋ᠠᠷ ᠵᠢᠷᠣᠭᠠᠯᠠᠭᠤᠯᠪᠠᠰᠤ᠂ ᠠᠯᠪᠠᠨ ᠤ᠋ ᠡᠴᠡᠩᠬᠡᠢ ᠤᠶᠠᠭ᠎ᠠ ᠮᠣᠷᠢ ᠲᠠᠢ ᠬᠣᠶᠠᠷ ᠬᠢᠶ᠎ᠡ᠂ ᠶᠠᠭᠠᠬᠢᠨ ᠰᠠᠢᠳ ᠤ᠋ᠨ ᠬᠤᠷᠳᠤᠨ ᠵᠢᠷᠣᠭ᠎ᠠ ᠬᠦᠯᠦᠭ ᠢ᠋ ᠭᠦᠢᠴᠡᠬᠦ ᠠᠵᠢ᠃ ᠶᠠᠪᠠᠭᠠᠨ ᠬᠥᠮᠦᠨ ᠰᠢᠭ ᠬᠣᠴᠣᠷᠬᠤ ᠳ᠋ᠤ᠌᠂ ᠠᠷᠤ ᠠ᠋ᠴᠠ ᠨᠢ ᠮᠣᠷᠢ ᠲᠠᠢ ᠬᠥᠮᠦᠨ ᠳᠠᠪᠬᠢᠬᠤ ᠲᠦᠪᠦᠷᠭᠡᠨ ᠰᠣᠨᠣᠰᠳᠠᠵᠤ᠂ ᠤᠲᠤᠭ᠎ᠠ ᠲᠠᠢ ᠮᠠᠯᠠᠭᠠᠢ ᠲᠠᠢ ᠬᠣᠶᠠᠷ ᠬᠥᠮᠦᠨ᠂ ᠬᠣᠶᠠᠷ ᠬᠠᠵᠠᠭᠤ ᠪᠠᠷ ᠨᠢ ᠱᠣᠷ ᠬᠢᠵᠦ ᠥᠩᠭᠡᠷᠡᠭᠡᠳ᠂ ᠬᠠᠨᠳᠠ ᠸᠠᠩ ᠤ᠋ᠨ ᠬᠣᠶᠠᠷ ᠬᠠᠵᠠᠭᠤ ᠠ᠋ᠴᠠ ᠲᠦᠰᠢᠨ᠂ ᠰᠠᠯᠬᠢᠨ ᠮᠡᠲᠦ ᠳᠣᠪᠲᠣᠯᠤᠨ ᠣᠳᠪᠠ᠃  
       ᠬᠣᠶᠠᠷ ᠬᠢᠶ᠎ᠡ ᠮᠣᠷᠢ ᠪᠠᠨ ᠲᠠᠰᠢᠭᠤᠷᠳᠠᠨ ᠴᠣᠬᠢᠪᠠᠴᠤ ᠰᠠᠢᠳ ᠤ᠋ᠨ ᠪᠠᠷᠠᠭ᠎ᠠ (ᠪᠠᠷ᠎ᠠ) ᠳᠣᠷᠣ ᠠᠯᠠᠭ᠎ᠠ ᠪᠣᠯᠵᠠᠢ᠃ ᠬᠠᠭᠠᠨᠲᠠᠨ ᠰᠢᠳᠠᠷ ᠬᠥᠮᠦᠨ ᠢ᠋ ᠶᠠᠪᠤᠭᠤᠯᠵᠤ᠂ ᠮᠠᠨᠠᠢ(ᠮᠠᠨ ᠤ᠋) ᠨᠣᠶᠠᠨ ᠢ᠋ ᠲᠦᠰᠢᠨ ᠬᠥᠷᠭᠡᠭᠦᠯᠪᠡ᠃ ᠮᠠᠨᠠᠢ(ᠮᠠᠨ ᠤ᠋) ᠨᠣᠶᠠᠨ ᠶᠠᠭᠤᠲᠠᠢ ᠵᠠᠶᠠᠭ᠎ᠠ ᠪᠤᠶᠠᠨ ᠳᠡᠯᠭᠡᠷᠡᠭᠰᠡᠨ ᠨᠣᠶᠠᠨ ᠪᠢᠯᠡ ᠭᠡᠵᠦ ᠲᠡᠷᠡ ᠬᠣᠶᠠᠷ ᠬᠢᠶ᠎ᠡ ᠶᠡᠷᠦ ᠠᠵᠢᠭ ᠰᠡᠵᠢᠭ ᠠᠪᠤᠭᠰᠠᠨ ᠦᠭᠡᠢ ᠴᠣᠭᠭᠢᠭᠰᠠᠭᠠᠷ ᠬᠠᠨᠳᠠ ᠸᠠᠩ ᠤ᠋ᠨ ᠬᠠᠰᠢᠶᠠᠨ ᠳ᠋ᠤ᠌ ᠬᠦᠷᠴᠦ ᠢᠷᠡᠪᠡᠯ ᠬᠠᠭᠠᠯᠭ᠎ᠠ ᠳᠤᠤᠭᠠᠷᠬᠤ ᠴᠢᠮᠡᠭᠡ ᠪᠡᠷ ᠭᠡᠷ ᠡᠴᠡ ᠤᠯᠤᠰ ᠭᠠᠷᠴᠤ ᠢᠷᠡᠭᠡᠳ᠂ ᠵᠠᠭᠳᠠ ᠵᠠᠬᠢᠷᠤᠭᠴᠢ ᠥᠨᠥ ᠬᠣᠶᠠᠷ ᠬᠢᠶ᠎ᠡ ᠶ᠋ᠢᠨ  ᠪᠠᠷ᠎ᠠ ᠬᠠᠷᠠᠭᠠᠳ ᠭᠦᠶᠦᠨ ᠰᠢᠮᠲᠡᠯᠡᠵᠦ᠂ 
       — ᠨᠣᠶᠠᠨ ᠬᠠᠮᠢᠭ᠎ᠠ ᠪᠠᠢᠨ᠎ᠠ?  ᠭᠡᠪᠡᠯ᠂  
       — ᠢᠷᠡᠭᠰᠡᠨ ᠦᠭᠡᠢ ᠤᠤ? ᠭᠡᠪᠡ᠃ 
       — ᠲᠠ ᠨᠠᠷ ᠶᠠᠮᠠᠷ ᠰᠣᠯᠢᠶᠠᠲᠠᠢ ᠤᠯᠤᠰ ᠪᠢᠯᠡ? ᠨᠣᠶᠠᠨ ᠢ᠋ᠶ᠋ᠠᠨ ᠶᠠᠭᠠᠬᠢᠪᠠ ᠭᠡᠵᠦ ᠵᠠᠭᠳᠠ ᠶ᠋ᠢᠨ ᠠᠰᠠᠭᠤᠬᠤ ᠳ᠋ᠤ᠌ ᠬᠢᠶ᠎ᠡ ᠨᠠᠷ ᠰᠠᠨᠳᠤᠷᠴᠤ᠂ ᠡᠴᠡᠩᠬᠡᠢ ᠮᠣᠷᠢ ᠨᠣᠶᠠᠨ ᠤ᠋ ᠵᠢᠷᠣᠭ᠎ᠠ ᠬᠦᠯᠦᠭ ᠢ᠋ ᠭᠦᠢᠴᠡᠵᠦ ᠴᠢᠳᠠᠭᠰᠠᠨ ᠦᠭᠡᠢ᠂ ᠠᠷᠭ᠎ᠠ ᠦᠭᠡᠢ ᠬᠣᠴᠣᠷᠤᠨ ᠭᠡᠭᠡᠭᠳᠡᠭᠰᠡᠨ ᠤᠴᠢᠷ ᠢ᠋ ᠬᠡᠯᠡᠭᠡᠳ᠂ ᠰᠠᠢᠨ ᠮᠣᠷᠢ ᠲᠠᠢ ᠬᠣᠶᠠᠷ ᠬᠥᠮᠦᠨ᠂ ᠬᠠᠭᠠᠨ ᠤ᠋ ᠣᠷᠳᠣᠨ ᠠ᠋ᠴᠠ ᠬᠤᠷᠳᠤᠯᠠᠨ ᠭᠠᠷᠴᠤ᠂ ᠨᠣᠶᠠᠨ ᠢ᠋ ᠬᠣᠶᠠᠷ ᠲᠠᠯ᠎ᠠ ᠠ᠋ᠴᠠ ᠳᠥᠰᠢᠨ ᠳᠠᠪᠬᠢᠵᠤ ᠣᠳᠤᠭᠰᠠᠨ ᠢ᠋ ᠶᠠᠷᠢᠭᠠᠳ᠂ 
       — ᠪᠢᠳᠡ᠂ ᠪᠣᠭᠳᠠ ᠬᠠᠭᠠᠨ ᠰᠠᠢᠨ ᠬᠥᠮᠦᠨ ᠶᠠᠪᠤᠭᠤᠯᠵᠤ᠂ ᠮᠠᠨ ᠤ᠋ ᠨᠣᠶᠠᠨ ᠢ᠋ ᠦᠷᠭᠦᠭᠡᠨ ᠳ᠋ᠦ᠍ᠨᠢ(ᠳ᠋ᠦ᠍ ᠨᠢ)ᠳᠥᠰᠢᠨ ᠬᠦᠷᠦᠭᠦᠯᠦᠭᠰᠡᠨ (ᠬᠦᠷᠭᠡᠭᠦᠯᠦᠭᠰᠡᠨ)ᠭᠡᠵᠦ ᠪᠠᠶᠠᠷᠯᠠᠵᠤ ᠶᠠᠪᠤᠭᠰᠠᠨ ᠰᠢᠦ ᠭᠡᠵᠦ ᠦᠨᠡᠨ ᠢ᠋ᠶ᠋ᠡᠨ ᠬᠡᠯᠡᠬᠦ  ᠳ᠋ᠦ᠍ᠨᠢ(ᠳ᠋ᠦ᠍ ᠨᠢ) ᠵᠠᠭᠳᠠ ᠭᠤᠶ᠎ᠠ ᠪᠠᠨ ᠠᠯᠠᠭᠠᠳᠠᠨ ᠭᠠᠰᠢᠭᠤᠳᠠᠵᠤ᠂ 
       — ᠠᠢ ᠬᠠᠯᠠᠭ! ᠲᠡᠷᠡ ᠪᠣᠯᠳᠠᠭ ᠦᠭᠡᠢ ᠤᠯᠤᠰ ᠠ᠋ᠴᠠ ᠯᠠ ᠨᠣᠶᠠᠨ ᠢ᠋ᠶ᠋ᠠᠨ ᠬᠠᠮᠠᠭᠠᠯᠠ ᠭᠡᠵᠦ ᠪᠢ ᠲᠠ ᠨᠠᠷ ᠢ᠋ ᠰᠢᠯᠢᠵᠦ ᠶᠠᠪᠤᠭᠤᠯᠤᠭᠰᠠᠨ ᠶᠤᠮ ᠪᠢᠰᠢᠦ ᠤᠤ? ᠮᠣᠷᠢ ᠠᠪᠤᠭᠠᠳ ᠢᠷ᠎ᠡ᠃ ᠡᠷᠢᠯ ᠬᠢᠶ᠎ᠡ! ᠭᠡᠵᠦ ᠰᠠᠨᠳᠤᠷᠪᠠ᠃ 
       ᠲᠦᠳᠡᠬᠡᠨ ᠠᠷᠪᠠᠭᠠᠳ ᠮᠣᠷᠢ ᠲᠠᠢ ᠬᠥᠮᠦᠨ᠂ ᠵᠠᠭᠳᠠ ᠵᠠᠬᠢᠷᠤᠭᠴᠢ ᠲᠡᠷᠢᠭᠦᠲᠡᠢ ᠳᠠᠪᠬᠢᠨ ᠶᠠᠪᠤᠵᠤ᠂ ᠰᠠᠢᠳ ᠢ᠋ ᠡᠷᠢᠪᠡ᠃ ᠦᠷ ᠦ᠋ᠨ ᠭᠡᠭᠡ ᠰᠢᠷᠠᠯᠠᠬᠤ ᠦᠶ᠎ᠡ ᠪᠡᠷ ᠵᠠᠭᠳᠠ᠂ ᠬᠡᠭᠡᠷ᠎ᠡ ᠴᠠᠰᠤᠨ ᠳ᠋ᠤ᠌ ᠳᠠᠷᠤᠭᠳᠠᠰᠬᠢᠨ ᠬᠡᠪᠲᠡᠵᠦ ᠪᠠᠢᠭᠰᠠᠨ ᠬᠥᠭᠡᠷᠦᠬᠦᠢ ᠰᠠᠢᠳ ᠤ᠋ᠨ ᠶᠠᠰᠤ ᠶ᠋ᠢ ᠣᠯᠵᠠᠢ᠃ ᠰᠠᠯᠬᠢᠨ ᠳ᠋ᠤ᠌ ᠬᠡᠭᠦᠷ ᠦ᠋ᠨ ᠳᠡᠭᠡᠳᠦ ᠳᠣᠣᠷᠠᠲᠤ ᠬᠣᠶᠠᠷ ᠲᠠᠯ᠎ᠠ ᠳ᠋ᠤᠨᠢ ᠪᠢᠴᠢᠬᠠᠨ ᠬᠤᠩᠭᠠᠷ(ᠬᠣᠩᠬᠣᠷ) ᠲᠣᠭᠲᠠᠵᠤ᠂ ᠨᠣᠶᠠᠨ ᠤ᠋ ᠲᠣᠯᠣᠭᠠᠢ ᠶ᠋ᠢ ᠠᠷᠤ ᠠ᠋ᠴᠠ ᠨᠢ ᠬᠤᠯᠠᠭᠠᠢ ᠭᠡᠵᠢᠭᠡ ᠶ᠋ᠢᠨ ᠲᠤᠰ᠂ ᠬᠣᠶᠠᠷ ᠨᠢᠳᠦ ᠶ᠋ᠢ ᠰᠤᠭᠤ ᠦᠰᠦᠷᠲᠡᠯ᠎ᠡ ᠪᠢᠯᠠᠭᠤ ᠪᠠᠷ ᠬᠠᠭ᠎ᠠ ᠴᠣᠬᠢᠵᠤ᠂ ᠬᠣᠶᠠᠷ ᠨᠢᠳᠦ ᠨᠢ ᠰᠤᠭᠤ ᠦᠰᠦᠷᠦᠨ ᠭᠠᠷᠴᠤ᠂ ᠠᠩᠭᠠᠢᠭᠰᠠᠨ ᠠᠮᠠᠨ ᠳ᠋ᠤᠨᠢ ᠴᠠᠰᠤ ᠳᠦᠭᠦᠷᠦᠭᠡᠳ ᠴᠢᠰᠤ ᠰᠢᠩᠭᠡᠨ ᠬᠥᠯᠳᠡᠵᠡᠢ᠃ 
       — ᠠ᠋᠂ ᠨᠣᠶᠠᠨ ᠢ᠋ᠶ᠋ᠠᠨ ᠪᠢᠳᠡ ᠬᠠᠮᠠᠭᠠᠯᠠᠵᠤ ᠴᠢᠳᠠᠭᠰᠠᠨ ᠦᠭᠡᠢ᠂ ᠶᠠᠭᠤᠲᠠᠢ ᠣᠰᠣᠯ! ᠭᠡᠵᠦ ᠡᠪᠦᠭᠡᠨ ᠵᠠᠭᠳᠠ ᠬᠡᠭᠦᠷ ᠦ᠋ᠨ ᠡᠮᠦᠨ᠎ᠡ ᠭᠠᠰᠢᠭᠤᠳᠠᠨ ᠰᠢᠪᠡᠭᠡᠨᠡᠵᠦ ᠰᠥᠭᠥᠳᠦᠭᠡᠳ᠂ ᠪᠣᠭᠳᠠ ᠬᠡᠳᠦᠢ ᠬᠠᠭᠠᠨ ᠡᠵᠡᠨ ᠪᠣᠯᠪᠠᠴᠤ ᠤᠯᠤᠰ ᠲᠥᠷᠥ ᠳ᠋ᠦ᠍ ᠬᠠᠭᠠᠨ᠂ ᠬᠠᠷᠠᠴᠤ ᠶ᠋ᠢᠨ ᠨᠢᠭᠡᠨ ᠠᠳᠠᠯᠢ ᠳᠠᠭᠠᠬᠤ ᠬᠠᠤᠯᠢ ᠪᠣᠢ᠃ ᠬᠠᠭᠠᠨ ᠠ᠋ᠴᠠ ᠨᠣᠶᠠᠨ ᠤ᠋ ᠪᠠᠨ ᠠᠮᠢ ᠶ᠋ᠢ ᠨᠡᠬᠡᠵᠦ ᠵᠠᠷᠭᠤᠯᠳᠤᠨ᠎ᠠ ᠭᠡᠵᠡᠢ᠃ 
       ᠬᠣᠩᠭᠣᠷ ᠰᠡᠳᠬᠢᠯᠲᠦ ᠲᠡᠷᠡ ᠡᠪᠦᠭᠡᠨ᠂ ᠨᠠᠰᠤ ᠪᠠᠷᠠᠭᠰᠠᠨ ᠲᠡᠷᠡ ᠨᠣᠶᠠᠨ ᠤ᠋ ᠬᠣᠰᠢᠭᠤ ᠲᠦᠰᠢᠮᠡᠳ ᠦ᠋ᠨ ᠳᠤᠮᠳᠠ ᠠ᠋ᠴᠠ ᠰᠡᠳᠬᠢᠯᠭᠡ ᠠᠳᠠᠯᠢ ᠬᠡᠳᠦᠨ ᠬᠥᠮᠦᠨ ᠢ᠋ ᠣᠯᠵᠤ᠂ ᠪᠣᠭᠳᠠ ᠠ᠋ᠴᠠ ᠨᠣᠶᠠᠨ ᠤ᠋ ᠠᠮᠢ ᠨᠡᠬᠡᠵᠦ ᠵᠠᠭᠠᠯᠳᠤᠨ᠎ᠠ ᠭᠡᠳ᠂ ᠮᠥᠨ ᠬᠤᠰᠢᠭᠤᠨ ᠤ᠋ ᠲᠣᠢᠨ ᠬᠠᠮᠪᠤ ᠯᠠᠮᠠ᠂ ᠵᠠᠭᠳᠠ ᠳ᠋ᠤ᠌ ᠲᠤᠰᠠᠯᠠᠵᠤ ᠠᠯᠲᠠ ᠬᠢᠷᠢ ᠲᠡᠢ ᠪᠢᠴᠢᠭ ᠬᠢᠭᠡᠳ ᠵᠠᠭᠠᠯᠳᠤᠬᠤ ᠶ᠋ᠢ ᠵᠠᠪᠳᠤᠲᠠᠯ᠎ᠠ᠂ ᠨᠥᠭᠴᠢᠭᠰᠡᠨ ᠰᠠᠢᠳ ᠤ᠋ᠨ ᠳᠡᠭᠦᠦ ᠭᠤᠩᠭᠠᠳᠣᠷᠵᠢ ᠲᠣᠢᠨ᠂ ᠰᠢᠳᠠᠷ ᠬᠣᠣᠷ ᠨᠠᠢᠷᠠᠭᠤᠯᠤᠭᠴᠢ ᠪᠠᠢᠭᠰᠠᠨ ᠨᠢ ᠵᠠᠭᠳᠠ ᠨᠠᠷ ᠢ᠋ ᠢᠳᠬᠠᠭᠰᠠᠭᠠᠷ ᠪᠣᠭᠳᠠ ᠶ᠋ᠢᠨ ᠠᠷᠢᠬᠢᠨ ᠤ᠋ ᠨᠥᠬᠥᠷ᠂ ᠰᠢᠭᠦᠬᠦ ᠶᠠᠮᠤᠨ ᠤ᠋ ᠰᠠᠢᠳ ᠨᠠᠮᠰᠠᠷᠠᠢ ᠸᠠᠩ ᠳ᠋ᠤ᠌ ᠵᠠᠷᠭᠤ ᠪᠠᠷᠢᠬᠤ ᠭᠡᠰᠡᠨ ᠢ᠋ ᠵᠣᠭᠰᠣᠭᠠᠪᠠ᠃ ᠲᠡᠨᠳᠡ ᠡᠴᠡ ᠤᠳᠠᠯ ᠦᠭᠡᠢ ᠵᠠᠭᠳᠠ᠂ ᠨᠥᠬᠥᠳ ᠰᠡᠯᠲᠡ ᠴᠥᠮ ᠭᠡᠨᠡᠳᠲᠡ ᠪᠢᠲᠡᠭᠦᠯᠢᠭ ᠬᠡᠷᠡᠭ ᠦ᠋ᠨ ᠤᠴᠢᠷ ᠲᠦᠰᠢᠮᠡᠯ ᠦ᠋ᠨ ᠵᠡᠷᠭᠡ ᠡᠪᠳᠡᠭᠦᠯᠵᠦ᠂ ᠵᠢᠩᠰᠡ ᠪᠡᠨ ᠠᠪᠤᠭᠤᠯᠪᠠ᠃ ᠲᠣᠢᠨ ᠬᠠᠮᠪᠤ᠂ ᠪᠣᠭᠳᠠ ᠠ᠋ᠴᠠ ᠨᠠᠢ᠍ᠮᠠᠨ ᠬᠥᠮᠦᠨ ᠢ᠋ᠶ᠋ᠡᠷ ᠳᠠᠮᠨᠠᠭᠤᠯᠬᠤ ᠰᠡᠦᠬᠡ ᠬᠡᠷᠡᠭᠯᠡᠬᠦ ᠶᠠᠩᠪᠠ ᠬᠦᠷᠲᠡᠵᠦ᠂ ᠪᠣᠭᠳᠠ ᠶ᠋ᠢᠨ ᠲᠡᠷᠡ ᠬᠥᠬᠢᠭᠦᠯᠬᠦ ᠵᠠᠷᠯᠢᠭ᠂ ᠢᠳᠡᠭᠡ ᠵᠣᠭᠣᠭ ᠬᠦᠷᠭᠡᠵᠦ ᠢᠷᠡᠭᠰᠡᠨ ᠭᠤᠩᠭᠠᠳᠤᠷᠵᠢ ᠲᠣᠢᠨ ᠤ᠋ ᠣᠷᠣᠭᠠᠳ ᠭᠠᠷᠤᠭᠰᠠᠨ ᠤ᠋ ᠳᠠᠷᠠᠭ᠎ᠠ ᠰᠠᠭᠤᠭ᠎ᠠ ᠴᠢᠭ ᠢ᠋ᠶ᠋ᠡᠷ ᠢ᠋ᠶ᠋ᠡᠨ ᠦᠬᠦᠭᠰᠡᠨ ᠪᠠᠢᠵᠠᠢ᠃*   

— — — — 
 * ᠬᠠᠭᠠᠨ ᠤ᠋ ᠲᠤᠢᠯ ᠤ᠋ᠨ ᠠᠷᠭ᠎ᠠ ᠭᠡᠰᠡᠨ ᠯᠠᠲ᠋ᠢᠨ ᠦᠭᠡ᠃ ᠪᠣᠭᠳᠠ ᠬᠠᠭᠠᠨ ᠢ᠋᠂ ᠬᠠᠨᠳᠠ ᠸᠠᠩ ᠢ᠋ ᠬᠣᠣᠷᠯᠠᠨ ᠬᠥᠨᠥᠭᠡᠭᠰᠡᠨ ᠢ᠋ ᠪᠢᠲᠡᠭᠦᠦ ᠪᠡᠷ ᠡᠨᠡ ᠯᠠᠲ᠋ᠢᠨ ᠦᠭᠡ ᠶ᠋ᠢᠨ ᠤᠳᠬ᠎ᠠ ᠪᠠᠷ ᠵᠢᠭᠠᠪᠠ᠃ 
 ** ᠬᠠᠭᠤᠴᠢᠨ ᠮᠣᠩᠭᠣᠯ ᠤ᠋ᠨ ᠬᠡᠷᠴᠡᠭᠡᠢ ᠶ᠋ᠢ  ᠬᠠᠯᠠᠮᠴᠠᠭᠤᠯᠤᠭᠴᠢ ᠰᠠᠷᠬᠤᠳ ᠬᠥᠯᠴᠥᠭᠡᠨ ᠬᠥᠳᠡᠯᠭᠡᠬᠦ ᠶ᠋ᠢ ᠦᠵᠡᠯ᠎ᠡ ᠪᠢ᠃ ᠵᠤᠨ· ᠺᠢᠶᠠᠲ᠋ᠰ ᠭᠡᠳᠡᠭ ᠠᠩᠭ᠌ᠯᠢ ᠢᠷᠠᠭᠤ ᠨᠠᠢᠷᠠᠭᠴᠢ᠃ (1795 — 1821)᠂ ᠰᠢᠯᠦᠭ ᠦ᠋ᠨ ᠬᠡᠯᠪᠡᠷᠢ ᠨᠢ ᠶᠡᠬᠡ ᠨᠠᠷᠢᠨ ᠰᠠᠢᠨ ᠭᠡᠵᠦ ᠠᠯᠳᠠᠷᠰᠢᠵᠠᠢ᠃ 
 * ᠡᠨᠡ ᠪᠦᠯᠦᠭ ᠳᠠᠬᠢ ᠶᠠᠪᠤᠳᠠᠯ ᠢ᠋ ᠤᠴᠢᠷ ᠪᠠᠢᠳᠠᠯ ᠢ᠋ ᠮᠡᠳᠡᠬᠦ ᠲᠡᠷᠡ ᠦᠶ᠎ᠡ ᠶ᠋ᠢᠨ ᠬᠥᠮᠦᠰ ᠦ᠋ᠨ ᠶᠠᠷᠢᠭᠰᠠᠨ ᠶᠣᠰᠣᠭᠠᠷ ᠲᠣᠪᠴᠢᠯᠠᠰᠬᠢᠨ ᠪᠢᠴᠢᠪᠡ᠃ ᠬᠥᠮᠦᠨ ᠦ᠌ ᠨᠡᠷ᠎ᠡ ᠤᠰᠤ ᠴᠥᠮ ᠦᠨᠡᠨ᠃  

            ᠦᠰᠦᠭ ᠠᠮᠢᠯᠠᠭᠤᠯᠤᠭᠴᠢ᠄ ᠬᠡᠷᠡᠢᠳ· ᠵᠣᠯ᠂ ᠣᠶᠤᠨᠪᠢᠯᠢᠭ᠌᠂ ᠤᠢᠭᠤᠷᠵᠢᠨ· ᠣᠳᠬᠣᠨᠪᠠᠪᠠ᠂ ᠮᠧᠢ ᠬᠤᠸᠠ᠂ ᠲᠠᠪᠤᠨ ᠤᠰᠤ  
               ᠬᠢᠨᠠᠭᠴᠢ᠄ ᠣᠳᠬᠣᠨᠴᠡᠴᠡᠭ᠂ ᠣᠶᠤᠨᠪᠠᠲᠤ᠂ ᠪᠠᠯ 
                ᠤᠩᠰᠢᠭᠴᠢ᠄ ᠨᠠᠰᠤᠨ᠌ᠦ᠌ᠯᠵᠡᠢ