ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠬᠣᠶᠠᠷ> Хан мунын сүүрс < доорд > – Мөнх зохиоов ᠂ Гутгаар бодь – Гуравдугаар бүлэг <2>
ᠭᠤᠲᠠᠭᠠᠷ ᠪᠣᠲᠢ – ᠭᠤᠷᠪᠠᠳᠤᠭᠠᠷ ᠪᠦᠯᠦᠭ <ᠬᠣᠶᠠᠷ>
ᠬᠣᠶᠠᠷ
ᠡᠪᠡᠰᠦᠨ ᠦ᠌ ᠲᠣᠯᠣᠭᠠᠢ ᠪᠤᠭᠤᠷᠤᠯᠲᠤᠵᠤ᠂ ᠨᠠᠭᠤᠷ ᠬᠠᠷᠠᠵᠠᠨ ᠳ᠋ᠤ᠌ ᠡᠭᠡᠨᠡᠭᠰᠢᠭᠰᠡᠨ ᠨᠤᠭᠤᠰᠤ ᠭᠠᠯᠠᠭᠤᠳ ᠨᠡᠭᠦᠳᠡᠯ ᠦ᠋ᠨ ᠴᠢᠮᠡᠭᠡ ᠠᠪᠤᠨ ᠭᠠᠩᠭᠠᠷ ᠬᠤᠩᠭᠠᠷ ᠭᠣᠩᠭᠢᠨᠠᠯᠳᠤᠭᠠᠳ ᠤᠷᠠᠳ ᠨᠤᠲᠤᠭ ᠲᠤ ᠨᠠᠮᠤᠷ ᠤ᠋ᠨ ᠰᠡᠷᠢᠭᠦᠦ ᠠᠨᠢᠷᠲᠤᠭᠤᠯᠵᠠᠢ᠃
ᠪᠢᠰᠢᠯᠠᠭ ᠦᠨᠦᠷᠲᠦᠭᠰᠡᠨ ᠨᠠᠮᠤᠷ ᠤ᠋ᠨ ᠲᠣᠰᠣᠯᠢᠭ ᠨᠠᠷᠠ ᠨᠤᠲᠤᠭ ᠢᠪᠡᠭᠡᠨ ᠵᠤᠩᠭᠠᠭᠰᠢᠬᠤ ᠳ᠋ᠤ᠌ ᠨᠡᠭᠦᠳᠡᠯ ᠦ᠋ᠨ ᠰᠢᠪᠠᠭᠤ ᠪᠤᠴᠠᠵᠤ᠂ ᠨᠤᠲᠤᠭ ᠳᠥᠭᠥᠭᠰᠡᠨ ᠪᠠᠭ᠎ᠠ ᠬᠠᠲᠤᠨ ᠤ᠋ ᠬᠥᠰᠬᠡ ᠲᠡᠷᠭᠡ ᠠᠭᠤᠯᠠ ᠪᠡᠯᠯᠡᠨ ᠠᠶᠠᠯᠠᠨ᠎ᠠ᠃
ᠠᠭᠤᠯᠠ ᠶ᠋ᠢᠨ ᠪᠠᠯ᠂ ᠳᠠᠷᠠᠰᠤᠲᠠᠢ ᠨᠤᠭᠤ ᠶ᠋ᠢᠨ ᠡᠪᠡᠰᠦ ᠤᠰᠤᠨ ᠤ᠋ ᠡᠪᠯᠢᠭ ᠲᠦ᠍ ᠨᠠᠮᠤᠷᠵᠢᠭᠰᠠᠨ ᠮᠣᠩᠭᠣᠯ ᠠᠢᠯ ᠤ᠋ᠨ ᠬᠠᠶᠠᠭ᠎ᠠ ᠠ᠋ᠴᠠ ᠲᠠᠷᠠᠭ ᠠᠢᠷᠠᠭ ᠱᠠᠩᠳᠠᠭᠤᠬᠠᠨ ᠬᠠᠩᠬᠤᠯᠤᠨ᠎ᠠ᠃ ᠨᠠᠮᠤᠷ ᠤ᠋ᠨ ᠰᠣᠢᠯᠭ᠎ᠠ ᠠᠪᠤᠭᠰᠠᠨ ᠬᠣᠨᠢᠳ ᠳᠡᠨᠵᠢᠷᠬᠡᠭ ᠭᠠᠵᠠᠷ ᠪᠠᠷᠢᠵᠤ ᠵᠢᠪᠠᠷ ᠥᠭᠰᠥᠨ ᠪᠡᠯᠴᠢᠭᠡᠷᠯᠡᠬᠦ ᠨᠢ ᠰᠤᠪᠤᠳ ᠰᠠᠴᠤᠭᠰᠠᠨ ᠮᠡᠲᠦ᠃ ᠲᠣᠰᠣᠨ ᠲᠠᠷᠭᠤ ᠲᠠᠢ ᠠᠳᠤᠭᠤᠳ ᠤ᠋ᠨ ᠨᠢᠷᠤᠭᠤ ᠵᠣ ᠬᠣᠪᠢᠯ ᠲᠠᠲᠠᠵᠤ ᠦᠰᠦ ᠰᠤᠷ ᠨᠢ ᠲᠣᠰᠣ ᠲᠦᠷᠬᠢᠭᠰᠡᠨ ᠭᠡᠮᠡᠷ ᠭᠢᠯᠲᠠᠭᠠᠨᠠᠨ᠎ᠠ᠃
ᠥᠯᠵᠡᠢ ᠬᠡ ᠤᠷᠠᠯᠠᠭᠰᠠᠨ ᠴᠠᠴᠤᠭᠲᠤ ᠲᠣᠷᠭᠠᠨ ᠰᠡᠦᠬᠡ ᠲᠡᠷᠭᠡ ᠶ᠋ᠢ ᠢᠵᠢᠯᠢ ᠵᠢᠰᠦᠮ ᠦ᠋ᠨ ᠬᠣᠶᠠᠷ ᠬᠡᠭᠡᠷ ᠮᠣᠷᠢ ᠵᠣᠭᠰᠣᠭ᠎ᠠ ᠵᠠᠢ ᠦᠭᠡᠢ ᠵᠢᠳᠬᠦᠬᠦ ᠳ᠋ᠦ᠍ ᠬᠠᠮᠠᠷ ᠨᠢ ᠣᠩᠭᠣᠯᠵᠠᠨ ᠰᠤᠭᠤ ᠴᠠᠪᠢᠯᠠᠭᠤᠷ ᠢ᠋ᠶ᠋ᠠᠷ ᠨᠢ ᠬᠥᠯᠥᠰᠥ ᠳᠠᠭᠠᠭᠠᠪᠤᠷᠢᠯᠠᠨ ᠥᠯᠥᠨ ᠲᠣᠭᠣᠰᠣ ᠪᠣᠰᠬᠠᠨ᠎ᠠ᠃ ᠪᠠᠷᠢᠭᠤ ᠲᠦᠰᠢᠯᠭᠡᠲᠦ ᠵᠥᠭᠡᠯᠡᠨ ᠢᠰᠡᠷᠢ ᠲᠡᠢ ᠰᠡᠦᠬᠡ ᠲᠡᠷᠭᠡᠨ ᠳᠡᠭᠡᠷ᠎ᠡ ᠪᠠᠭ᠎ᠠ ᠬᠠᠲᠤᠨ ᠰᠧᠯᠢᠩ ᠪᠢᠴᠢᠬᠠᠨ ᠬᠦᠦ ᠲᠡᠢ ᠪᠡᠨ ᠨᠠᠮᠪᠠᠭᠠᠲᠠᠢ ᠰᠠᠭᠤᠵᠤ ᠶᠠᠪᠤᠬᠤ ᠳ᠋ᠠᠭᠠᠨ ᠵᠠᠮ ᠬᠣᠷᠣᠵᠤ ᠥᠭᠳᠡᠭ ᠦᠭᠡᠢ ᠳ᠋ᠦ᠍ ᠪᠠᠢᠨ ᠪᠠᠢᠨ ᠴᠣᠩᠬᠣᠪᠴᠢ ᠰᠡᠬᠦᠵᠦ ᠭᠠᠵᠠᠷ ᠤ᠋ᠨ ᠪᠠᠢᠴᠠ ᠠᠵᠢᠭᠯᠠᠨ᠎ᠠ᠃
ᠵᠠᠮ ᠤ᠋ᠨ ᠬᠠᠵᠠᠭᠤ ᠠᠭᠤᠯᠠ ᠶ᠋ᠢᠨ ᠪᠠᠯ ᠪᠦᠷᠢᠵᠦ ᠤᠷᠭᠤᠭᠰᠠᠨ ᠪᠠᠲᠤᠴᠠᠭᠠᠨ ᠤ᠋ ᠨᠠᠪᠴᠢ ᠴᠢᠰ ᠤᠯᠠᠢᠵᠤ᠂ ᠬᠠᠶᠠ ᠢᠯᠠᠮ᠎ᠠ ᠶ᠋ᠢᠨ ᠮᠣᠳᠣᠨ ᠤ᠋ ᠰᠢᠷ᠎ᠠ ᠨᠠᠪᠴᠢᠰ ᠠᠯᠠᠭᠯᠠᠨ ᠬᠠᠷᠠᠭᠳᠠᠬᠤ ᠨᠢ ᠡᠲᠡᠭᠡᠳ ᠭᠣᠶᠣ᠃ ᠳᠣᠯᠣᠭᠣᠨᠠ᠂ ᠦᠷᠢᠯ᠂ ᠮᠣᠢᠯ᠂ ᠤᠬᠤᠨᠠᠢ᠂ ᠬᠡᠷᠢᠶᠡᠨ ᠦ᠌ ᠨᠢᠳᠦ᠂ ᠬᠥᠩᠰᠥ ᠵᠡᠷᠭᠡ ᠵᠡᠷᠯᠢᠭ ᠵᠢᠮᠢᠰ ᠮᠥᠴᠢᠷ ᠳᠠᠭᠠᠭᠠᠭᠳᠠᠬᠤ ᠦᠭᠡᠢ ᠪᠥᠩᠵᠢᠭᠢᠨᠡᠬᠦ ᠨᠢ ᠤᠯᠠᠭᠠᠨ᠂ ᠬᠦᠷᠡᠩ ᠤᠯᠠᠭᠠᠨ᠂ ᠬᠠᠷ᠎ᠠ ᠬᠦᠷᠡᠩ ᠶᠠᠩᠵᠤ ᠶ᠋ᠢᠨ ᠠᠯᠮᠠᠰ ᠰᠤᠪᠤᠳ ᠣᠭ᠌ᠶᠤ ᠲᠠᠨ᠎ᠠ ᠡᠷᠳᠡᠨᠢ ᠰᠢᠭ ᠮᠡᠯᠴᠡᠢᠵᠦ᠂ ᠵᠠᠮ ᠤ᠋ᠨ ᠬᠥᠮᠦᠰ ᠦ᠋ᠨ ᠬᠣᠷᠣᠬᠠᠢ ᠶ᠋ᠢ ᠬᠥᠳᠡᠯᠭᠡᠨ᠎ᠡ᠃
ᠦᠳᠡ ᠬᠡᠯᠪᠡᠢᠬᠦ ᠳ᠋ᠦ᠍ ᠪᠠᠭ᠎ᠠ ᠬᠠᠲᠤᠨ ᠬᠠᠯᠠᠭᠠᠢ ᠶ᠋ᠢᠨ ᠪᠤᠯᠤᠩ ᠳ᠋ᠤ᠌ ᠣᠷᠣᠵᠤ ᠢᠷᠡᠪᠡ᠃ ᠡᠮᠦᠨ᠎ᠡ ᠪᠡᠨ ᠪᠦᠷᠢᠨ ᠵᠡᠪᠰᠡᠭᠲᠦ ᠮᠣᠷᠢᠨ ᠴᠡᠷᠢᠭ ᠵᠠᠮ ᠤᠳᠤᠷᠢᠳᠤᠨ᠂ ᠬᠣᠢᠨ᠎ᠠ ᠪᠠᠨ ᠪᠤᠶᠠᠨ ᠬᠤᠷᠢᠶᠠᠭᠴᠢ ᠴᠠᠭᠳᠠᠭᠤᠯ ᠤ᠋ᠨ ᠴᠡᠷᠢᠭ ᠡᠩᠨᠡᠭᠡ ᠬᠤᠮᠢᠵᠤ ᠶᠠᠪᠤᠬᠤ ᠨᠢ ᠬᠠᠷᠠᠬᠤ ᠳ᠋ᠤ᠌ ᠣᠮᠣᠭᠣᠯᠠᠩ ᠰᠦᠷᠲᠡᠢ ᠠᠵᠢ᠃
ᠬᠦᠩ ᠦ᠋ᠨ ᠶᠠᠮᠤᠨ ᠤ᠋ ᠬᠥᠬᠡ ᠲᠣᠭᠣᠰᠬᠠᠨ ᠬᠦᠷᠢᠶᠡᠨ ᠦ᠌ ᠡᠭᠦᠳᠡᠨ ᠳ᠋ᠦ᠍ ᠡᠯᠳᠡᠩᠭᠡ᠂ ᠵᠣᠳᠪᠠ᠂ ᠸᠴᠢᠷᠪᠠᠲᠤ ᠨᠠᠷ ᠠᠯᠢ ᠡᠷᠲᠡ ᠡᠴᠡ ᠪᠠᠭ᠎ᠠ ᠬᠠᠲᠤᠨ ᠰᠧᠯᠢᠩ ᠦ᠋ᠨ ᠬᠦᠷᠴᠦ ᠢᠷᠡᠬᠦ ᠶ᠋ᠢ ᠤᠭᠲᠤᠨ ᠬᠦᠯᠢᠶᠡᠵᠦ ᠪᠠᠢᠪᠠ᠃
ᠥᠪᠴᠢ ᠴᠡᠷᠢᠭ ᠬᠤᠪᠴᠠᠰᠤ ᠲᠠᠢ᠂ ᠠᠬᠤᠷ ᠫᠤᠤ ᠵᠡᠭᠦᠭᠰᠡᠨ ᠪᠠᠭ᠎ᠠ ᠬᠠᠲᠤᠨ ᠰᠧᠯᠢᠩ ᠰᠡᠦᠬᠡ ᠲᠡᠷᠭᠡᠨ ᠡᠴᠡ ᠪᠠᠭᠤᠵᠤ ᠢᠷᠡᠬᠦ ᠳ᠋ᠦ᠍ ᠣᠨᠴᠠ ᠴᠣᠭ ᠵᠢᠪᠬᠤᠭᠠᠲᠠᠢ ᠬᠠᠷᠠᠭᠳᠠᠨ᠎ᠠ᠃ ᠲᠦᠳᠡᠬᠡᠨ ᠬᠣᠶᠠᠷ ᠳᠠᠭᠠᠯᠲᠠ ᠴᠡᠷᠢᠭ ᠵᠡᠭᠦᠨ ᠪᠠᠷᠠᠭᠤᠨ ᠲᠠᠯ᠎ᠠ ᠳ᠋ᠤᠨᠢ ᠨᠠᠭᠠᠯᠳᠤᠵᠤ ᠢᠷᠡᠨ ᠵᠠᠢ ᠦᠭᠡᠢ ᠬᠠᠮᠠᠭᠠᠯᠠᠵᠤ ᠶᠠᠪᠤᠬᠤ ᠨᠢ ᠤᠯᠠᠮ ᠰᠦᠷᠲᠡᠢ᠃ ᠬᠡᠯᠡᠬᠦ ᠡᠴᠡ ᠬᠣᠷᠮᠣᠢ ᠠ᠋ᠴᠠ ᠨᠢ ᠴᠢᠷᠦᠭᠳᠡᠭᠰᠡᠨ ᠪᠢᠴᠢᠬᠠᠨ ᠬᠦᠦ ᠴᠡᠷᠢᠭ ᠬᠤᠪᠴᠠᠰᠤ ᠲᠠᠢ ᠰᠧᠯᠢᠩ ᠬᠥᠮᠦᠨ ᠳ᠋ᠦ᠍ ᠳᠠᠩᠴᠤ ᠢᠯᠡᠭᠦᠳᠡᠭᠰᠡᠨ ᠰᠢᠭ ᠦᠵᠡᠭᠳᠡᠬᠦ ᠡᠴᠡ ᠥᠭᠡᠷ᠎ᠡ ᠥ ᠰᠡᠪ ᠦᠭᠡᠢ᠃
ᠡᠢᠨ ᠬᠦ᠌ ᠰᠣᠷᠲᠣᠭᠣ ᠠᠪᠤᠭᠰᠠᠨ ᠴᠡᠷᠢᠭ ᠦ᠋ᠨ ᠬᠥᠮᠦᠨ ᠦ᠌ ᠵᠢᠮᠪᠡᠯᠵᠡᠭᠰᠡᠨ ᠠᠯᠬᠤᠭ᠎ᠠ ᠲᠠᠢ ᠪᠠᠭ᠎ᠠ ᠬᠠᠲᠤᠨ ᠤ᠋ ᠵᠢᠰᠦ ᠲᠥᠯᠥᠪ ᠡᠯᠳᠡᠩᠭᠡ ᠶ᠋ᠢᠨ ᠨᠢᠳᠦᠨ ᠳ᠋ᠦ᠍ ᠠᠩᠬᠠᠨ ᠤ᠋ ᠲᠡᠷᠡ ᠠᠯᠲᠠ ᠮᠥᠩᠭᠥᠨ ᠲᠣᠯᠣᠭᠠᠢ ᠶ᠋ᠢᠨ ᠵᠢᠮᠰᠡᠭ ᠲᠡᠢ ᠮᠣᠩᠭᠣᠯ ᠬᠠᠲᠤᠭᠲᠠᠢ ᠶ᠋ᠢᠨ ᠳᠦᠷᠢ ᠣᠷᠣ ᠮᠥᠷ ᠦᠭᠡᠢ ᠠᠷᠢᠯᠵᠤ᠂ ᠬᠠᠷ᠎ᠠ ᠴᠡᠷᠢᠭ ᠦ᠋ᠨ ᠬᠤᠪᠴᠠᠯᠠᠯ ᠲᠠᠢ᠂ ᠵᠠᠷ ᠵᠡᠪᠰᠡᠭ ᠦ᠋ᠨ ᠵᠠᠰᠠᠯ ᠢ᠋ᠶ᠋ᠠᠷ ᠬᠠᠷᠠᠭᠳᠠᠭᠰᠠᠨ ᠳ᠋ᠤ᠌ ᠳᠣᠲᠣᠷ᠎ᠠ ᠨᠢ ᠠᠭᠱᠠᠨ᠎ᠠ ᠰᠦᠷᠳᠡᠵᠦ ᠠᠪᠴᠠᠢ᠃ ᠲᠡᠭᠡᠪᠡᠴᠦ ᠴᠢᠷᠠᠢ ᠳᠡᠭᠡᠷ᠎ᠡ ᠪᠡᠨ ᠰᠡᠪ ᠮᠡᠳᠡᠭᠳᠡᠭᠰᠡᠨ ᠦᠭᠡᠢ᠃《ᠮᠣᠩᠭᠣᠯ ᠵᠢᠮᠰᠡᠭ ᠵᠠᠰᠠᠯ ᠢ᠋ᠶ᠋ᠠᠨ ᠬᠠᠶᠠᠵᠤ ᠬᠠᠷ᠎ᠠ ᠴᠡᠷᠢᠭ ᠦ᠋ᠨ ᠵᠠᠷ ᠵᠡᠪᠰᠡᠭ ᠵᠡᠭᠦᠭᠰᠡᠨ ᠰᠦᠷᠡᠬᠡᠢ ᠡᠮ᠎ᠡ ᠪᠣᠯᠵᠢ ᠳᠠ! ᠡᠨᠡ ᠬᠡᠳᠦᠨ ᠵᠢᠯ ᠸᠠᠩ ᠰᠣᠬᠣᠷ ᠤ᠋ᠨ ᠬᠠᠯᠳᠠᠪᠤᠷᠢ ᠪᠡᠶ᠎ᠡ ᠳ᠋ᠦ᠍ ᠴᠢᠨᠢ ᠨᠠᠭᠠᠯᠳᠤᠵᠢ ᠠ᠋ ᠬᠥᠭᠡᠷᠦᠬᠦᠢ!᠁》 ᠭᠡᠵᠦ ᠲᠡᠭᠦᠨ ᠦ᠌ ᠳᠣᠲᠣᠷ᠎ᠠ ᠪᠠᠨ ᠦᠯᠦ ᠲᠣᠭᠣᠮᠰᠠᠷᠯᠠᠬᠤ ᠠᠪᠠᠴᠤ ᠪᠡᠶ᠎ᠡ ᠰᠡᠳᠬᠢᠯ ᠢ᠋ᠶ᠋ᠡᠨ ᠠᠯᠢ ᠪᠣᠯᠬᠤ ᠪᠠᠷ ᠵᠠᠰᠠᠵᠤ ᠪᠠᠭ᠎ᠠ ᠬᠠᠲᠤᠨ ᠳ᠋ᠤ᠌ ᠣᠢᠷᠠᠳᠴᠤ ᠣᠴᠢᠨ᠄
— ᠪᠠᠭ᠎ᠠ ᠬᠠᠲᠤᠨ ᠠᠮᠤᠷ ᠰᠠᠢᠨ? ᠵᠠᠮ ᠳ᠋ᠠᠭᠠᠨ ᠶᠠᠳᠠᠷᠠᠭᠰᠠᠨ ᠤᠤ? ᠭᠡᠵᠦ ᠣᠯᠠᠨ ᠠ᠋ᠴᠠ ᠴᠦ᠍ ᠲᠦᠷᠦᠭᠦᠯᠡᠨ ᠠᠮᠤᠷ ᠠᠢᠯᠠᠳᠬᠠᠪᠠ᠃
— ᠰᠠᠢᠨ᠂ ᠰᠠᠢᠨ! ᠳᠠᠶᠠᠭᠠᠷ ᠢ᠋ᠶ᠋ᠠᠨ ᠰᠠᠢᠨ ᠪᠠᠢᠵᠠᠭᠠᠨ᠎ᠠ ᠤᠤ? ᠭᠡᠵᠦ ᠪᠠᠭ᠎ᠠ ᠬᠠᠲᠤᠨ ᠤᠭᠲᠤᠯᠭ᠎ᠠ ᠶ᠋ᠢᠨ ᠬᠥᠮᠦᠰ ᠲᠡᠢ ᠠᠮᠤᠷ ᠮᠡᠨᠳᠦ ᠠᠰᠠᠭᠤᠯᠴᠠᠨ ᠬᠦᠩ ᠦ᠋ᠨ ᠶᠠᠮᠤᠨ ᠤ᠋ ᠬᠠᠭᠠᠯᠭ᠎ᠠ ᠪᠠᠷ ᠠᠯᠬᠤᠵᠤ ᠣᠷᠣᠪᠠ᠃
ᠪᠠᠭ᠎ᠠ ᠬᠠᠲᠤᠨ ᠰᠧᠯᠢᠩ ᠤᠷᠢᠳ ᠢ᠋ᠶ᠋ᠠᠷ ᠪᠤᠷᠬᠠᠨ ᠤ᠋ ᠭᠡᠷ ᠲᠦ᠍ ᠣᠷᠣᠵᠤ ᠬᠦᠷᠡᠩ ᠽᠠᠨᠳᠠᠨ ᠭᠦᠩᠭᠠᠷᠠᠪᠠ ᠳ᠋ᠤ᠌ ᠰᠠᠭᠠᠲᠠᠭᠰᠠᠨ ᠱᠠᠭᠢᠮᠤᠨᠢ ᠪᠤᠷᠬᠠᠨ ᠳ᠋ᠤ᠌ ᠵᠤᠯᠠ ᠪᠠᠷᠢᠵᠤ ᠬᠦᠦ ᠪᠡᠨ ᠮᠥᠷᠭᠥᠭᠦᠯᠵᠦ᠂ ᠬᠣᠢᠨ᠎ᠠ ᠠ᠋ᠴᠠ ᠨᠢ ᠥᠪᠡᠷ ᠢ᠋ᠶ᠋ᠡᠨ ᠭᠤᠷᠪᠠᠨᠲᠠ ᠨᠠᠮᠠᠨᠴᠢᠯᠠᠨ ᠮᠥᠷᠭᠥᠬᠦ ᠳ᠋ᠡᠭᠡᠨ《ᠪᠤᠷᠬᠠᠨ ᠲᠩᠷᠢ ᠮᠢᠨᠢ ᠠ᠋! ᠪᠢᠳᠡ ᠡᠬᠡ ᠬᠥᠪᠡᠭᠦᠨ ᠬᠣᠶᠠᠷ ᠢ᠋ ᠢᠪᠡᠭᠡᠨ ᠳᠡᠮᠵᠢᠲᠦᠭᠡᠢ! ᠤᠸᠮ ᠮᠠ᠋ ᠨᠢ ᠪᠠᠳ ᠮᠠᠢ ᠬᠣᠩ᠁》 ᠭᠡᠵᠦ ᠰᠢᠪᠡᠨᠡᠨ ᠪᠣᠰᠬᠤ ᠳ᠋ᠤᠨᠢ ᠠᠰᠠᠭᠠᠭᠰᠠᠨ ᠵᠤᠯᠠ ᠨᠢ ᠭᠡᠨᠡᠳᠲᠡ ᠤᠨᠲᠠᠷᠠᠪᠠ᠃ ᠲᠡᠭᠦᠨ ᠦ᠌ ᠪᠠᠷᠠᠭᠤᠨ ᠭᠠᠷ ᠤ᠋ᠨ ᠳᠠᠭᠠᠯᠲᠠ ᠴᠡᠷᠢᠭ ᠨᠢ ᠮᠠᠰᠢ ᠱᠠᠯᠠᠮᠠᠭᠠᠢ ᠰᠡᠷᠭᠡᠭ ᠡᠷ᠎ᠡ ᠪᠠᠢᠵᠠᠢ᠃ ᠱᠠᠯᠠᠪᠬᠠᠨ ᠴᠦᠳᠡᠩ ᠬᠠᠪᠢᠷᠴᠤ ᠪᠥᠬᠥᠭᠰᠡᠨ ᠵᠤᠯᠠ ᠶ᠋ᠢ ᠰᠡᠷᠭᠦᠭᠡᠨ ᠠᠰᠠᠭᠠᠬᠤ ᠭᠡᠰᠡᠨ ᠳ᠋ᠦ᠍ ᠲᠦᠰ ᠬᠢᠨ ᠬᠥᠰᠡᠷ ᠰᠠᠪᠠᠵᠤ ᠤᠨᠠᠪᠠ᠁
《ᠡᠨᠡ ᠶᠠᠭᠤ ᠪᠣᠯᠴᠢᠬᠠᠪᠠ⁈》 ᠭᠡᠰᠡᠨ ᠰᠢᠭ ᠪᠠᠭ᠎ᠠ ᠬᠠᠲᠤᠨ ᠤ᠋ ᠠᠷᠤ ᠳ᠋ᠤ᠌ ᠳᠠᠭᠠᠯᠳᠤᠭᠰᠠᠨ ᠪᠠᠷ᠎ᠠ ᠪᠣᠯᠣᠭᠰᠠᠳ ᠰᠦᠵᠢᠭ ᠰᠡᠵᠢᠭ ᠦ᠋ᠨ ᠮᠠᠨᠠᠨ ᠳ᠋ᠤ᠌ ᠲᠥᠭᠡᠷᠢᠨ ᠤᠬᠠᠭ᠎ᠠ ᠲᠥᠬᠥᠭᠡ ᠶ᠋ᠢ ᠨᠢ ᠣᠯᠬᠤ ᠦᠭᠡᠢ ᠮᠡᠯᠡᠷᠡᠵᠡᠭᠡᠪᠡ᠃
ᠪᠠᠭ᠎ᠠ ᠬᠠᠲᠤᠨ ᠰᠧᠯᠢᠩ ᠦ᠋ᠨ ᠳᠣᠲᠣᠷ᠎ᠠ ᠬᠢᠷᠳ᠋ᠬᠢᠵᠦ《ᠪᠤᠷᠬᠠᠨ ᠮᠢᠨᠢ ᠠ᠋᠂ ᠶᠠᠭᠠᠬᠢᠴᠢᠬᠠᠬᠤ ᠨᠢ ᠲᠡᠷᠡ ᠪᠣᠢ?》 ᠭᠡᠵᠦ ᠱᠠᠭᠢᠮᠤᠨᠢ ᠪᠤᠷᠬᠠᠨ ᠤ᠋ ᠴᠢᠷᠠᠢ ᠥᠭᠡᠳᠡ ᠡᠨᠡᠷᠢᠯ ᠭᠣᠷᠢᠳᠠᠨ ᠬᠠᠷᠠᠪᠠᠯ ᠱᠠᠭᠢᠮᠤᠨᠢ ᠪᠤᠷᠬᠠᠨ ᠮᠠᠰᠢᠳᠠ ᠠᠭᠤᠷᠯᠠᠭᠰᠠᠨ ᠰᠢᠭ᠋ ᠳᠣᠭᠰᠢᠨ ᠳᠦᠷᠢ ᠪᠡᠷ ᠦᠵᠡᠭᠳᠡᠭᠰᠡᠨ ᠳ᠋ᠦ᠍ ᠮᠠᠩᠨᠠᠢ ᠳ᠋ᠤᠨᠢ ᠬᠦᠢᠲᠡᠨ ᠬᠥᠯᠥᠰᠥ ᠴᠢᠭᠢᠭᠯᠡᠪᠡ᠃
ᠷᠠᠰᠢ ᠵᠠᠬᠢᠷᠤᠭᠴᠢ ᠰᠠᠨᠳᠤᠷᠤᠨ ᠥᠨᠥᠬᠢ ᠮᠠᠨᠠᠷᠠᠵᠤ ᠣᠢᠴᠢᠭᠰᠠᠨ ᠴᠡᠷᠢᠭ ᠡᠷ᠎ᠡ ᠶ᠋ᠢ ᠬᠥᠮᠦᠨ ᠳᠡᠭᠡᠷ᠎ᠡ ᠨᠢ ᠬᠦᠴᠦᠲᠡᠢ ᠬᠢᠮᠤᠰᠤᠯᠠᠵᠤ ᠬᠡᠳᠦᠨ ᠬᠥᠮᠦᠨ ᠢ᠋ᠶ᠋ᠡᠷ ᠡᠷᠭᠦᠭᠦᠯᠦᠨ ᠪᠤᠷᠬᠠᠨ ᠤ᠋ ᠭᠡᠷ ᠡᠴᠡ ᠠᠪᠴᠤ ᠭᠠᠷᠪᠠ᠃
— ᠵᠠ ᠶᠠᠮᠠᠷ ᠪᠣᠢ? ᠪᠤᠷᠬᠠᠨ ᠲᠩᠷᠢ ᠳ᠋ᠦ᠍ ᠪᠤᠷᠤᠭᠤ ᠦᠵᠡᠭᠳᠡᠨ᠎ᠡ ᠭᠡᠭᠴᠢ ᠡᠨᠡ ᠳᠡ! ᠲᠩᠷᠢ ᠲᠦᠮᠡᠨ ᠨᠢᠳᠦ ᠲᠡᠢ ᠭᠡᠳᠡᠭ ᠶᠠᠭᠠᠬᠢᠬᠤ ᠠᠷᠭ᠎ᠠ ᠦᠭᠡᠢ ᠦᠨᠡᠨ ᠪᠠᠢᠨ᠎ᠠ᠃ ᠦᠭᠡᠢ ᠶᠡᠷᠦ ᠨᠢ ᠪᠤᠷᠬᠠᠨ ᠭᠦᠩᠭᠠᠷᠠᠪᠠ ᠶ᠋ᠢᠨ ᠭᠡᠷ ᠲᠦ᠍ ᠫᠤᠤ ᠰᠠᠭᠠᠳᠠᠭ ᠲᠠᠢ ᠣᠷᠣᠨ᠎ᠠ ᠭᠡᠳᠡᠭ ᠴᠢᠨᠢ ᠶᠠᠮᠠᠷ ᠰᠦᠵᠢᠭ ᠶᠦᠮ ᠪᠣᠢ! ᠮᠠᠭᠤ ᠢᠷᠣ᠎ᠠ! ᠭᠡᠵᠦ ᠵᠣᠳᠪᠠ ᠮᠡᠢᠷᠡᠨ ᠡᠯᠳᠡᠩᠭᠡ ᠶ᠋ᠢᠨ ᠴᠢᠬᠢᠨ ᠳ᠋ᠦ᠍ ᠰᠡᠮᠡᠬᠡᠷ ᠬᠡᠯᠡᠪᠡᠯ ᠡᠯᠳᠡᠩᠭᠡ᠂ ᠵᠣᠳᠪᠠ ᠶ᠋ᠢᠨ ᠴᠢᠷᠠᠢ ᠥᠭᠡᠳᠡ ᠬᠡᠷᠰᠡᠦᠬᠡᠨ ᠬᠦᠯᠢᠢᠵᠦ《ᠴᠢᠮᠡᠭᠡ ᠦᠭᠡᠢ ᠪᠠᠢ᠂ ᠴᠠᠭᠠᠳᠤᠭᠤᠯᠠ ᠴᠢᠨᠢ ᠰᠣᠨᠣᠰᠤᠭᠤᠵᠠᠢ!》 ᠭᠡᠳ ᠪᠠᠭ᠎ᠠ ᠬᠠᠲᠤᠨ ᠤ᠋ ᠬᠠᠵᠠᠭᠤ ᠳ᠋ᠤ᠌ ᠬᠦᠷᠴᠦ᠄
— ᠵᠦᠭᠡᠷ᠂ ᠵᠦᠭᠡᠷ! ᠬᠥᠮᠦᠨ ᠦ᠌ ᠣᠯᠠᠨ ᠳ᠋ᠤ᠌ ᠡᠭᠦᠰᠦᠭᠰᠡᠨ ᠬᠤᠯᠠᠭᠠᠢ ᠵᠢᠪᠠᠷ ᠴᠣᠬᠢᠭᠰᠠᠨ ᠪᠠᠢᠯᠭᠦᠢ ᠳᠡ! ᠰᠡᠵᠢᠭ ᠦᠭᠡᠢ ᠪᠣᠯ ᠠᠵᠢᠭ ᠦᠭᠡᠢ ᠭᠡᠳᠡᠭ᠃ ᠵᠠ᠂ ᠣᠳᠣ ᠡᠢᠰᠢ ᠪᠡᠨ ᠲᠠᠮᠠᠭ᠎ᠠ ᠶ᠋ᠢᠨ ᠣᠷᠳᠣᠨ ᠳ᠋ᠤ᠌᠁ ᠭᠡᠵᠦ ᠪᠠᠭ᠎ᠠ ᠬᠠᠲᠤᠨ ᠤ᠋ ᠴᠣᠴᠢᠷᠳᠠᠭᠰᠠᠨ ᠰᠡᠳᠬᠢᠯ ᠢ᠋ ᠲᠠᠢᠪᠤᠰᠢᠷᠠᠭᠤᠯᠬᠤ ᠦᠭᠡ ᠬᠡᠯᠡᠭᠡᠳ ᠪᠠᠭ᠎ᠠ ᠬᠠᠲᠤᠨ ᠢ᠋ ᠲᠠᠮᠠᠭ᠎ᠠ ᠶ᠋ᠢᠨ ᠤᠷᠲᠤ ᠤᠷᠤᠭᠤ ᠵᠠᠯᠠᠪᠠ᠃
ᠲᠠᠮᠠᠭ᠎ᠠ ᠶ᠋ᠢᠨ ᠤᠷᠲᠤ ᠪᠣᠯ ᠪᠤᠷᠬᠠᠨ ᠤ᠋ ᠭᠡᠷ ᠢ᠋ ᠨᠠᠭᠠᠯᠳᠤᠭᠰᠠᠨ ᠭᠣᠣᠯ ᠣᠷᠳᠣᠨ ᠪᠥᠭᠡᠳ ᠡᠭᠦᠳᠡᠨ ᠳ᠋ᠡᠭᠡᠨ ᠴᠡᠷᠢᠭ ᠮᠠᠨᠠᠭ᠎ᠠ ᠲᠠᠢ ᠪᠠᠢᠪᠠ᠃ ᠲᠠᠮᠠᠭ᠎ᠠ ᠶ᠋ᠢᠨ ᠣᠷᠳᠣᠨ ᠤ᠋ ᠬᠣᠢᠮᠣᠷ ᠤ᠋ᠨ ᠳᠡᠭᠡᠳᠦ ᠬᠠᠨᠠᠨ ᠳ᠋ᠤ᠌ ᠪᠤᠭᠤ ᠭᠥᠷᠦᠭᠡᠰᠦᠨ ᠦ᠌ ᠠᠷᠠᠰᠤᠨ ᠳᠡᠭᠡᠷ᠎ᠡ ᠴᠢᠨᠣ᠎ᠠ ᠶ᠋ᠢᠨ ᠵᠣᠭᠳᠣᠷ ᠢ᠋ᠶ᠋ᠠᠷ ᠤᠷᠠᠯᠠᠭᠰᠠᠨ ᠬᠣᠶᠠᠷ ᠮᠥᠷᠦᠨ ᠳᠡᠭᠡᠷ᠎ᠡ ᠪᠡᠨ ᠬᠠᠷᠴᠠᠭᠠᠢ ᠪᠦᠷᠭᠦᠳ ᠳᠡᠷᠪᠡᠭᠦᠯᠵᠦ᠂ ᠠᠪᠠ ᠶ᠋ᠢᠨ ᠲᠠᠢᠭ᠎ᠠ ᠳᠠᠭᠠᠭᠤᠯᠤᠨ ᠬᠠᠯᠢᠭᠤᠨ ᠰᠠᠭᠠᠷᠠᠯ ᠮᠣᠷᠢ ᠬᠦᠯᠦᠭᠯᠡᠵᠦ ᠨᠤᠮᠤ ᠰᠠᠭᠠᠳᠠᠭ ᠠᠭᠰᠠᠭᠰᠠᠨ ᠬᠤᠶᠠᠭ ᠳᠤᠭᠤᠯᠠᠭ᠎ᠠ ᠮᠤᠨᠠ ᠬᠠᠨ ᠤ᠋ ᠵᠢᠷᠤᠮᠠᠯ ᠬᠥᠷᠥᠭ ᠢ᠋ ᠡᠯᠭᠦᠵᠦ᠂ ᠲᠡᠷᠡ ᠵᠢᠷᠤᠭ ᠤ᠋ᠨ ᠠᠰ ᠳᠣᠣᠷ᠎ᠠ ᠨᠢ ᠠᠭᠠᠷᠤ ᠽᠠᠨᠳᠠᠨ ᠮᠣᠳᠣ ᠪᠠᠷ ᠤᠷᠠᠯᠠᠵᠤ ᠰᠡᠢᠯᠦᠭᠰᠡᠨ ᠬᠦᠴᠦᠲᠦ ᠵᠠᠭᠠᠨ ᠰᠢᠷᠡᠭᠡᠨ① ᠦ᠌ ᠨᠢᠷᠤᠭᠤᠨ ᠳᠡᠭᠡᠷ᠎ᠡ ᠳᠥᠷᠪᠡᠨ ᠥᠨᠴᠥᠭ ᠢ᠋ ᠨᠢ ᠪᠠᠷᠰ ᠤ᠋ᠨ ᠬᠡ ᠤᠷᠠᠯᠠᠵᠤ ᠰᠡᠢᠯᠦᠭᠰᠡᠨ ᠰᠢᠯ ᠨᠢᠭᠤᠷ ᠲᠠᠢ ᠰᠢᠷ᠎ᠠ ᠠᠭᠠᠷᠤᠨ ᠵᠢᠵᠢᠭ ᠬᠣᠷᠭᠣ ᠳᠣᠲᠣᠷ᠎ᠠ ᠪᠠᠷᠰ ᠣᠴᠣᠢᠭᠰᠠᠨ ᠴᠣᠯ ᠮᠥᠩᠭᠥᠨ ᠵᠠᠰᠠᠭ ᠲᠠᠮᠠᠭ᠎ᠠ ᠶ᠋ᠢ ᠭᠣᠣᠯ ᠳ᠋ᠤᠨᠢ ᠪᠠᠢᠷᠢᠰᠢᠭᠤᠯᠵᠤ᠂ ᠵᠠᠭᠠᠨ ᠰᠢᠷᠡᠭᠡᠨ ᠦ᠌ ᠬᠣᠶᠠᠷ ᠦᠵᠦᠭᠦᠷ ᠲᠦ᠍ ᠡᠭᠦᠯᠡᠨ ᠬᠡ ᠲᠡᠢ ᠬᠥᠬᠡ ᠲᠡᠨᠢᠭᠡᠷ ᠵᠢᠵᠢᠭ ᠬᠣᠶᠠᠷ ᠠᠷᠰᠯᠠᠨ ᠪᠠᠲᠤ ᠰᠠᠬᠢᠭᠤᠯ ᠰᠢᠭ᠋ ᠴᠣᠩᠨᠣᠢᠭᠠᠳ᠂ ᠲᠠᠮᠠᠭ᠎ᠠ ᠶ᠋ᠢᠨ ᠤᠷᠲᠤ ᠶ᠋ᠢ ᠰᠦᠷ ᠰᠦᠯᠳᠡ ᠲᠡᠢ᠂ ᠬᠦᠴᠦᠨ ᠲᠡᠭᠦᠯᠳᠡᠷ ᠴᠣᠭ ᠵᠢᠪᠬᠤᠭᠠᠲᠠᠢ ᠪᠣᠯᠭᠠᠭᠰᠠᠨ ᠨᠢ ᠬᠥᠮᠦᠰ ᠢ᠋ ᠡᠷᠬᠡ ᠦᠭᠡᠢ ᠲᠥᠪ ᠶᠡᠬᠡᠮᠰᠦᠭ ᠣᠷᠴᠢᠨ ᠳ᠋ᠤ᠌ ᠬᠥᠲᠥᠯᠦᠨ ᠠᠪᠠᠴᠢᠭᠰᠠᠨ ᠮᠡᠲᠦ ᠠᠵᠤᠭᠤ᠃
ᠪᠠᠭ᠎ᠠ ᠬᠠᠲᠤᠨ ᠰᠧᠯᠢᠩ ᠬᠥᠪᠡᠭᠦᠨ ᠲᠡᠢ ᠪᠡᠨ ᠭᠤᠷᠪᠠ ᠭᠤᠷᠪᠠᠨ ᠶᠢᠰᠦᠨ ᠵᠤᠯᠠ ᠠᠮᠢᠯᠠᠭᠤᠯᠤᠨ ᠠᠰᠠᠭᠠᠵᠤ《ᠪᠠᠷᠰ ᠤ᠋ᠨ ᠬᠦᠴᠦᠲᠦ ᠵᠠᠰᠠᠭ ᠤ᠋ᠨ ᠲᠠᠮᠠᠭ᠎ᠠ ᠶ᠋ᠢᠨ ᠰᠦᠷ ᠬᠦᠴᠦᠨ ᠢ᠋ᠶ᠋ᠡᠷ ᠪᠠᠷᠠᠭᠤᠨ ᠬᠦᠩ ᠦ᠋ᠨ ᠬᠢᠨ ᠡᠭᠦᠷᠢᠳᠡ ᠡᠩᠬᠡ ᠠᠮᠤᠭᠤᠯᠠᠩ ᠠᠲᠤᠭᠠᠢ!》 ᠭᠡᠵᠦ ᠳᠠᠭᠠᠳᠬᠠᠨ ᠵᠠᠯᠪᠠᠷᠢᠭᠰᠠᠨ ᠳ᠋ᠤ᠌ ᠳᠠᠭᠠᠯᠳᠤᠭᠰᠠᠨ ᠬᠥᠮᠦᠨ ᠪᠦᠭᠦᠳᠡ ᠨᠢᠵᠡᠭᠡᠳ ᠵᠤᠯᠠ ᠪᠠᠷᠢᠨ ᠪᠠᠭ᠎ᠠ ᠬᠠᠲᠤᠨ ᠤ᠋ ᠬᠡᠯᠡᠭᠰᠡᠨ ᠢ᠋ᠶ᠋ᠡᠷ ᠮᠥᠨ ᠲᠡᠭᠡᠵᠦ ᠳᠠᠭᠠᠳᠬᠠᠨ ᠵᠠᠯᠪᠠᠷᠢᠪᠠ᠃
— ᠪᠠᠭ᠎ᠠ ᠬᠠᠲᠤᠨ ᠰᠧᠯᠢᠩ ᠦ᠋ᠨ ᠴᠢᠷᠠᠢ ᠨᠢᠭᠡ ᠯᠡ ᠨᠡᠲᠦᠭᠡᠷ᠃ ᠪᠠᠷᠠᠭᠤᠨ ᠬᠦᠩ ᠦ᠋ᠨ ᠶᠠᠮᠤᠨ ᠤ᠋ ᠬᠦᠷᠢᠶ᠎ᠡ ᠪᠡᠷ ᠠᠩᠬ᠎ᠠ ᠠᠯᠬᠤᠮᠠᠭᠴᠠ ᠪᠤᠷᠬᠠᠨ ᠳ᠋ᠠᠭᠠᠨ ᠳᠠᠭᠠᠳᠬᠠᠵᠤ ᠪᠠᠢᠭᠰᠠᠨ ᠵᠤᠯᠠ ᠨᠢ ᠪᠥᠬᠥᠵᠦ ᠤᠨᠲᠠᠷᠠᠭᠰᠠᠨ ᠳ᠋ᠤ᠌ ᠮᠠᠭᠤ ᠢᠷᠣ᠎ᠠ ᠭᠡᠵᠦ ᠰᠠᠨᠠᠭᠠᠨ ᠳ᠋ᠠᠭᠠᠨ ᠰᠡᠵᠢᠭ ᠠᠪᠤᠭᠰᠠᠨ ᠤᠤ? ᠡᠰᠡᠪᠡᠰᠦ ᠡᠯᠳᠡᠩᠭᠡ᠂ ᠵᠣᠳᠪᠠ ᠨᠠᠷ ᠢ᠋ ᠶᠠᠭᠠᠬᠢᠵᠤ ᠠᠷᠭᠠᠴᠠᠭᠠᠬᠤ ᠲᠤᠬᠠᠢ ᠪᠣᠳᠣᠯᠭᠠᠰᠢᠷᠠᠭᠰᠠᠨ ᠤᠤ᠂ ᠶᠠᠭᠤ ᠴᠦ᠍ ᠭᠡᠰᠡᠨ ᠪᠠᠭ᠎ᠠ ᠬᠠᠲᠤᠨ ᠰᠧᠯᠢᠩ ᠦ᠋ᠨ ᠳᠣᠲᠣᠷ᠎ᠠ ᠨᠢ ᠮᠠᠰᠢ ᠡᠪ ᠦᠭᠡᠢ ᠪᠠᠢᠯ᠎ᠠ᠃
ᠪᠠᠭ᠎ᠠ ᠬᠠᠲᠤᠨ ᠤ᠋ ᠬᠥᠳᠡᠯᠦᠯ ᠪᠠᠷᠢᠯ᠂ ᠦᠭᠡ ᠬᠠᠮᠠᠷ ᠢ᠋ ᠴᠢᠯᠥᠭᠡ ᠵᠠᠢ ᠦᠭᠡᠢ ᠠᠵᠢᠭᠯᠠᠵᠤ ᠪᠠᠢᠭᠰᠠᠨ ᠡᠯᠳᠡᠩᠭᠡ ᠠᠯᠢ ᠡᠷᠲᠡ ᠲᠡᠭᠦᠨ ᠦ᠌ ᠴᠢᠷᠠᠢ ᠶ᠋ᠢᠨ ᠥᠩᠭᠡ ᠡᠴᠡ ᠨᠢᠭᠡ ᠶᠠᠭᠤᠮ᠎ᠠ ᠪᠣᠳᠣᠵᠤ ᠳᠣᠲᠣᠷ᠎ᠠ ᠪᠠᠨ《ᠢᠩᠭᠢᠵᠦ ᠰᠠᠢᠬᠠᠨ ᠢ᠋ᠶ᠋ᠠᠷ ᠬᠠᠨᠳᠤᠵᠤ ᠠᠲᠠᠯ᠎ᠠ ᠥᠷᠥᠰᠢᠶᠡᠯ ᠠᠭᠤᠴᠢᠯᠠᠯ ᠥᠭᠳᠡᠭ ᠦᠭᠡᠢ ᠶᠦᠮ ᠪᠣᠯ ᠵᠠ ᠶᠠᠭᠠᠬᠢᠬᠤ ᠪᠣᠢ ᠵᠠᠶᠠᠭ᠎ᠠ ᠨᠢ ᠮᠡᠳᠡᠭ ᠴᠠᠭᠠᠰᠢ!》 ᠭᠡᠵᠦ ᠳᠤᠷ᠎ᠠ ᠦᠭᠡᠢᠴᠡᠬᠦ ᠪᠣᠯᠪᠠᠴᠤ ᠴᠢᠷᠠᠢ ᠳᠡᠭᠡᠷ᠎ᠡ ᠪᠡᠨ ᠦᠯᠦ ᠮᠡᠳᠡᠭᠳᠡᠨ ᠳᠠᠢᠯᠠᠯᠭ᠎ᠠ ᠶ᠋ᠢᠨ ᠶᠠᠭᠤᠮᠠᠰ ᠭᠠᠷ ᠥᠭᠡᠳᠡ ᠪᠣᠯᠤᠭᠰᠠᠨ ᠡᠰᠡᠬᠦ ᠶ᠋ᠢ ᠰᠢᠯᠭᠠᠬᠤ ᠭᠡᠵᠦ ᠪᠠᠷᠠᠭᠤᠨ ᠬᠦᠷᠢᠶ᠎ᠡ ᠪᠡᠷ ᠣᠷᠣᠬᠤ ᠶ᠋ᠢ ᠵᠠᠪᠳᠤᠲᠠᠯ᠎ᠠ ᠡᠮᠦᠨ᠎ᠡ ᠡᠴᠡ ᠵᠣᠳᠪᠠ ᠮᠡᠢᠷᠡᠨ ᠭᠠᠷᠴᠤ ᠢᠷᠡᠨ᠄
— ᠲᠤᠰᠠᠯᠠᠭᠴᠢ ᠭᠤᠸᠠᠢ ᠠ᠋! ᠪᠡᠯᠡᠭ ᠰᠡᠯᠲᠡ᠂ ᠳᠠᠢᠯᠠᠯᠭ᠎ᠠ ᠶ᠋ᠢᠨ ᠰᠢᠷᠡᠭᠡ ᠪᠦᠷ ᠲᠢᠭ ᠲᠠᠭ ᠪᠣᠯᠴᠢᠬᠠᠯ᠎ᠠ᠁ ᠭᠡᠰᠡᠨ ᠳ᠋ᠦ᠍ ᠡᠯᠳᠡᠩᠭᠡ᠄
— ᠲᠡᠢᠮᠦ ᠤᠤ? ᠵᠠ ᠪᠣᠯᠵᠠᠢ! ᠤᠭᠤᠴᠠ ᠰᠢᠭᠦᠰᠦ ᠪᠡᠨ ᠰᠠᠢᠨ ᠤᠷᠪᠠᠭᠤᠯᠵᠤ ᠬᠥᠷᠪᠡᠭᠦᠯᠵᠦ ᠪᠠᠢ ᠭᠡᠵᠦ ᠴᠠᠭᠠᠳᠤᠭᠤᠯᠠ ᠳ᠋ᠠᠭᠠᠨ ᠰᠠᠢᠨ ᠵᠠᠬᠢ! ᠪᠢᠲᠡᠭᠡᠢ ᠯᠡ ᠭᠠᠯ ᠢ᠋ ᠨᠢ ᠰᠢᠷᠦᠭᠦᠰᠦᠭᠦᠯᠵᠦ ᠴᠢᠨᠠᠯᠭᠠ ᠶ᠋ᠢ ᠬᠡᠲᠦᠷᠡᠭᠦᠯᠴᠢᠬᠡ᠃ ᠲᠡᠭᠡᠭᠰᠡᠭᠡᠷ ᠴᠦ᠍ ᠢᠳᠡᠰᠢ ᠦᠭᠡᠢ ᠶᠦᠮ ᠠ᠋! ᠭᠡᠵᠦ ᠵᠠᠬᠢᠭᠰᠠᠨ ᠳ᠋ᠤ᠌ ᠵᠣᠳᠪᠠ ᠮᠡᠢᠷᠡᠨ᠄
— ᠵᠦᠭᠡᠷ! ᠤᠭᠤᠴᠠᠴᠢᠨ ᠪᠣᠷᠣ ᠭᠤᠸᠠᠢ ᠰᠢᠭᠦᠰᠦ ᠲᠥᠬᠥᠭᠡᠷᠴᠦ ᠪᠠᠢᠬᠤ ᠶᠤᠮ ᠴᠢᠨᠢ ᠲᠤᠰᠠᠯᠠᠭᠴᠢ ᠲᠠ ᠰᠠᠨᠠᠭ᠎ᠠ ᠠᠮᠤᠷ ᠪᠠᠢ! ᠭᠡᠰᠡᠨ ᠳ᠋ᠦ᠍ ᠡᠯᠳᠡᠩᠭᠡ᠄
— ᠵᠠ᠂ ᠲᠡᠭᠡᠪᠡᠯ ᠳᠣᠷᠢᠭᠤᠨ ᠪᠣᠯᠵᠠᠢ ᠠ᠋! ᠭᠡᠪᠡ᠃
— ᠦᠭᠡᠢ ᠠ᠋᠂ ᠡᠨᠡ ᠡᠮ᠎ᠡ ᠶ᠋ᠢᠨ ᠴᠢᠷᠠᠢ ᠭᠡᠭᠴᠢ ᠶᠠᠭᠠᠬᠢᠬᠤ ᠪᠠᠷ ᠢ᠋ᠶ᠋ᠠᠨ ᠲᠦᠭᠦᠬᠡᠢ ᠠᠭᠤᠰᠬᠢ ᠰᠢᠭ ᠶᠣᠯᠪᠣᠢᠭᠠᠳ ᠪᠠᠢᠨ᠎ᠠ ᠪᠣᠢ? ᠲᠤᠰᠠᠯᠠᠭᠴᠢ ᠲᠠ ᠠᠩᠵᠠᠭᠠᠷᠠᠪᠠ ᠤᠤ? ᠶᠠᠭᠤᠨ ᠳ᠋ᠤᠨᠢ ᠳᠤᠷ᠎ᠠ ᠦᠭᠡᠢᠴᠡᠵᠦ ᠪᠠᠢᠬᠤ ᠶᠤᠮ ᠪᠣᠯ? ᠭᠡᠵᠦ ᠵᠣᠳᠪᠠ ᠨᠠᠮ ᠳᠠᠭᠤᠨ ᠢ᠋ᠶ᠋ᠠᠷ ᠬᠡᠯᠡᠪᠡᠯ᠂
— ᠬᠠᠷᠢᠨ ᠳᠠᠭ᠎ᠠ ᠦᠭᠡᠢ ᠪᠠᠢᠬᠤ ᠨᠢ ᠠ᠋! ᠬᠣᠯᠠ ᠠᠶᠠᠨ ᠳ᠋ᠤ᠌ ᠨᠤᠬᠤᠭᠳᠠᠵᠤ ᠶᠠᠳᠠᠷᠠᠭᠰᠠᠨ ᠪᠠᠢᠯᠭᠦᠢ ᠳᠡ! ᠭᠡᠯᠡ᠃
— ᠰᠡᠦᠬᠡ ᠲᠡᠷᠭᠡᠨ ᠳ᠋ᠦ᠍ ᠪᠦᠪᠡᠢᠯᠡᠭᠳᠡᠵᠦ ᠶᠠᠪᠤᠭᠠᠳ ᠶᠠᠳᠠᠷᠠᠨ᠎ᠠ ᠭᠡᠭᠴᠢ ᠶᠠᠭᠤ ᠪᠠᠢᠳᠠᠭ ᠶᠤᠮ? ᠪᠤᠷᠬᠠᠨ ᠳ᠋ᠤ᠌ ᠪᠠᠷᠢᠭᠰᠠᠨ ᠵᠤᠯᠠ ᠨᠢ ᠪᠥᠬᠥᠵᠦ᠂ ᠳᠠᠭᠠᠯᠲᠠ ᠴᠡᠷᠢᠭ ᠨᠢ ᠮᠠᠨᠠᠷᠠᠵᠤ ᠤᠨᠠᠭᠰᠠᠨ ᠳ᠋ᠤ᠌ ᠨᠢᠭᠡ ᠶᠡᠬᠡ ᠮᠠᠭᠤ ᠢᠷᠣ᠎ᠠ ᠭᠡᠵᠦ ᠰᠡᠵᠢᠭ ᠠᠪᠴᠤ ᠪᠣᠳᠣᠯ ᠳ᠋ᠠᠭᠠᠨ ᠰᠦᠷᠡᠬᠡᠢ ᠳᠠᠷᠤᠭᠠᠰᠤ ᠲᠠᠢ ᠪᠣᠯᠴᠢᠬᠠᠪᠠ⁈ ᠴᠢᠭᠢᠶᠡᠲᠦᠷᠦᠦ ᠪᠤᠷᠬᠠᠨ ᠳ᠋ᠤ᠌ ᠪᠤᠷᠤᠭᠤ ᠦᠵᠡᠭᠳᠡᠭᠰᠡᠨ ᠦ᠌ ᠯᠡ ᠪᠢᠵᠡ ᠠ᠋! ᠭᠡᠰᠡᠨ ᠳ᠋ᠦ᠍ ᠡᠯᠳᠡᠩᠭᠡ᠄
— ᠬᠡᠩ! ᠭᠡᠵᠦ ᠬᠠᠮᠠᠷ ᠢ᠋ᠶ᠋ᠠᠷ ᠢ᠋ᠶ᠋ᠠᠨ ᠲᠣᠭᠣ ᠶᠠᠳᠠᠨ ᠭᠣᠩᠰᠢᠭᠰᠠᠨ ᠨᠢ《ᠱᠣᠷᠣ ᠨᠢ ᠲᠡᠷᠡ ᠠ᠋! ᠬᠢᠩᠭ᠎ᠠ ᠶ᠋ᠢᠨ ᠴᠠᠭ ᠲᠤ ᠬᠣᠰᠢᠭᠤ ᠨᠤᠲᠤᠭ ᠢ᠋ᠶ᠋ᠠᠨ ᠬᠠᠶᠠᠵᠤ᠂ ᠬᠠᠮᠢᠭ᠎ᠠ ᠬᠠᠩᠬᠠᠳᠠᠢ ᠶ᠋ᠢᠨ ᠲᠡᠷᠲᠡᠭᠡᠬᠢ ᠬᠠᠷ᠎ᠠ ᠴᠡᠷᠢᠭ ᠢ᠋ ᠲᠦᠰᠢᠵᠦ ᠸᠠᠩ ᠰᠣᠬᠣᠷ ᠢ᠋ ᠳᠣᠯᠳᠣᠢᠳᠬᠤ ᠪᠠᠷ ᠶᠠᠪᠤᠴᠢᠬᠠᠭᠠᠳ ᠶᠠᠮᠠᠷ ᠨᠢᠭᠤᠷ ᠢ᠋ᠶ᠋ᠠᠷ ᠢ᠋ᠶ᠋ᠠᠨ ᠪᠤᠴᠠᠵᠤ ᠢᠷᠡᠪᠡ? ᠭᠡᠵᠦ ᠪᠤᠷᠬᠠᠨ ᠲᠩᠷᠢ ᠪᠤᠷᠤᠭᠤ ᠦᠵᠡᠪᠡᠯ ᠲᠡᠷᠡ ᠵᠥᠪ! ᠦᠨᠡᠬᠡᠷ ᠮᠠᠭᠤ ᠢᠷᠣ᠎ᠠ ᠶᠤᠮ ᠠ᠋!》 ᠭᠡᠰᠡᠨ ᠤᠳᠬ᠎ᠠ ᠳᠠᠯᠳᠠᠯᠠᠭᠳᠠᠭᠰᠠᠨ ᠢ᠋ ᠵᠣᠳᠪᠠ ᠶᠠᠭᠤ ᠠᠨᠳᠠᠬᠤ ᠪᠣᠢ⁈
— ᠮᠠᠭᠤ ᠢᠷᠣ᠎ᠠ! ᠭᠡᠵᠦ ᠬᠣᠭᠣᠯᠵᠠᠭᠤᠷ ᠳᠣᠲᠣᠷ᠎ᠠ ᠪᠠᠨ ᠬᠡᠩ ᠬᠡᠩ ᠭᠡᠵᠦ ᠳᠠᠪᠠᠯᠠᠨ ᠢᠨᠢᠶᠡᠵᠦ《ᠡᠪᠦᠭᠡᠨ ᠲᠤᠰᠠᠯᠠᠭᠴᠢ ᠭᠤᠸᠠᠢ ᠰᠠᠨᠠᠭ᠎ᠠ ᠠᠮᠤᠷ ᠪᠠᠢ》 ᠭᠡᠳ ᠵᠥᠷᠢᠵᠦ ᠶᠠᠪᠤᠪᠠ᠃
ᠣᠷᠣᠢ᠂ ᠡᠯᠳᠡᠩᠭᠡ ᠪᠠᠶᠠᠨ ᠲᠠᠷᠭᠤᠨ ᠳᠠᠢᠯᠠᠯᠭ᠎ᠠ ᠶ᠋ᠢᠨ ᠰᠢᠷᠡᠭᠡ ᠵᠠᠰᠠᠵᠤ᠂ ᠪᠠᠭ᠎ᠠ ᠵᠠᠰᠠᠭ᠂ ᠬᠠᠲᠤᠨ ᠰᠧᠯᠢᠩ ᠪᠠᠷᠠᠭᠤᠨ ᠬᠦᠩ ᠳ᠋ᠡᠭᠡᠨ ᠪᠤᠴᠠᠭᠰᠠᠨ ᠤ᠋ ᠤᠭᠲᠤᠯᠭ᠎ᠠ ᠶ᠋ᠢᠨ ᠨᠠᠢᠷ ᠬᠢᠪᠡ᠃
ᠰᠢᠷᠡᠭᠡᠨ ᠳ᠋ᠦ᠍ ᠨᠢᠩ ᠪᠣᠭᠣᠷᠰᠣᠭ᠂ ᠠᠭᠠᠷᠤᠤᠯ᠂ ᠰᠢᠷ᠎ᠠ ᠲᠣᠰᠣ᠂ ᠥᠷᠥᠮ᠎ᠡ᠂ ᠬᠠᠲᠠᠭᠠᠭᠰᠠᠨ ᠥᠷᠥᠮ᠎ᠡ᠂ ᠦᠵᠦᠮ᠂ ᠴᠢᠪᠠᠭ᠎ᠠ᠂ ᠵᠢᠮᠢᠰ ᠡᠨᠡ ᠲᠡᠷᠡ ᠢᠳᠡᠭᠡᠨ ᠦ᠌ ᠵᠦᠢᠯ ᠢ᠋ ᠡᠯᠪᠡᠭ ᠳᠡᠯᠪᠡᠭ ᠵᠠᠰᠠᠵᠤ ᠰᠢᠪᠡᠭᠴᠢᠨ ᠥᠬᠢᠨ ᠠᠷᠢᠬᠢ ᠬᠤᠨᠳᠠᠭᠠᠯᠠᠬᠤ ᠳ᠋ᠤ᠌ ᠡᠯᠳᠡᠩᠭᠡ ᠲᠤᠰᠠᠯᠠᠭᠴᠢ ᠤᠭᠲᠤᠯᠭ᠎ᠠ ᠶ᠋ᠢᠨ ᠰᠠᠨᠠᠭ᠎ᠠ ᠢᠯᠡᠳᠬᠡᠬᠦ ᠪᠡᠷ ᠬᠤᠨᠳᠠᠭ᠎ᠠ ᠪᠢᠯᠬᠠᠭᠤᠯᠵᠤ᠄
— ᠡᠩ ᠲᠦᠷᠦᠭᠦᠨ ᠳ᠋ᠦ᠍ ᠪᠢ ᠤᠷᠠᠳ ᠤ᠋ᠨ ᠪᠠᠷᠠᠭᠤᠨ ᠬᠦᠩ ᠦ᠋ᠨ ᠶᠠᠮᠤᠨ ᠤ᠋ ᠡᠮᠦᠨ᠎ᠡ ᠡᠴᠡ ᠪᠠᠭ᠎ᠠ ᠬᠠᠲᠤᠨ ᠰᠧᠯᠢᠩ ᠦ᠋ᠨ ᠬᠠᠷ᠎ᠠ ᠴᠡᠷᠢᠭ ᠡᠴᠡ ᠨᠤᠲᠤᠭ ᠪᠡᠯᠴᠢᠭᠡᠷ ᠢ᠋ᠶ᠋ᠡᠨ ᠬᠠᠮᠠᠭᠠᠯᠠᠵᠤ ᠶᠠᠪᠤᠭᠰᠠᠨ ᠡᠷᠬᠢᠮ ᠳᠡᠭᠡᠳᠦ ᠵᠣᠷᠢᠭ ᠰᠠᠨᠠᠭᠠᠨ ᠳ᠋ᠤ᠌ ᠶᠡᠬᠡᠳᠡ ᠰᠡᠳᠬᠢᠯ ᠬᠥᠳᠡᠯᠵᠦ᠂ ᠲᠡᠭᠦᠨ ᠦ᠌ ᠪᠠᠷᠠᠭᠤᠨ ᠬᠦᠩ ᠳ᠋ᠡᠭᠡᠨ ᠪᠤᠴᠠᠵᠤ ᠢᠷᠡᠭᠰᠡᠨ ᠳ᠋ᠦ᠍ ᠪᠠᠶᠠᠷᠯᠠᠨ ᠤᠭᠲᠤᠵᠤ ᠪᠠᠢᠨ᠎ᠠ᠃ ᠢᠩᠭᠢᠬᠦᠯᠡᠷ ᠡᠷᠭᠢᠨ ᠪᠠᠭ᠎ᠠ ᠬᠠᠲᠤᠨ ᠡᠯᠳᠡᠩᠭᠡ ᠮᠢᠨᠦ ᠰᠦ ᠰᠢᠭ ᠠᠷᠢᠭᠤᠨ ᠴᠠᠭᠠᠨ ᠰᠡᠳᠬᠢᠯ ᠦ᠋ᠨ ᠪᠡᠯᠡᠭ ᠰᠡᠯᠲᠡ ᠶ᠋ᠢ ᠰᠣᠶᠣᠷᠬᠠᠨ ᠭᠠᠷᠳᠠᠮᠤ! ᠭᠡᠰᠡᠨ ᠳ᠋ᠦ᠍ ᠤᠷᠠᠳ ᠵᠠᠰᠠᠯ ᠲᠠᠢ ᠶᠢᠰᠦᠨ ᠬᠡᠭᠡᠨᠴᠢᠷ ᠥᠬᠢᠨ ᠬᠠᠳᠠᠭ ᠳᠡᠯᠭᠡᠨ ᠵᠢᠭᠰᠠᠵᠤ ᠶᠢᠰᠦᠨ ᠯᠠᠩ ᠰᠢᠵᠢᠷ ᠠᠯᠲᠠ᠂ ᠶᠢᠰᠦᠨ ᠴᠣᠬᠣᠷ ᠶᠤᠸᠠᠮᠪᠤᠤ( ᠲᠠᠪᠢᠨ ᠯᠠᠩ ᠤ᠋ᠨ)᠂ ᠶᠢᠰᠦᠨ ᠵᠠᠭᠤ ᠶᠡᠷᠡ ᠶᠢᠰᠦᠨ ᠴᠠᠭᠠᠨ ᠵᠣᠭᠣᠰ᠂ ᠶᠢᠰᠦᠨ ᠪᠣᠭᠣᠳᠠᠯ ᠬᠠᠷ᠎ᠠ ᠲᠠᠮᠠᠬᠢ᠂ ᠶᠢᠰᠦᠨ ᠥᠩᠭᠡ ᠶ᠋ᠢᠨ ᠡᠷᠳᠡᠨᠢ ᠶ᠋ᠢᠨ ᠴᠢᠯᠠᠭᠤ᠂ ᠶᠢᠰᠦᠨ ᠴᠠᠭᠠᠨ ᠬᠤᠷᠠᠭᠠᠨ ᠠᠷᠠᠰᠤ᠂ ᠶᠢᠰᠦᠨ ᠪᠣᠭᠣᠳᠠᠯ ᠬᠢᠲᠠᠳ ᠶᠠᠨᠵᠤᠤᠷ᠂ ᠶᠢᠰᠦᠨ ᠯᠦᠦ ᠬᠠᠷ᠎ᠠ ᠠᠷᠢᠬᠢ᠂ ᠶᠢᠰᠦᠨ ᠣᠷᠢᠶᠠᠮᠠᠭ ᠬᠣᠷᠭᠣᠢ ᠲᠣᠷᠭ᠎ᠠ ᠵᠡᠷᠭᠡ ᠶᠢᠰᠦ ᠶᠢᠰᠦ ᠨᠠᠶᠠᠨ ᠨᠢᠭᠡᠨ ᠪᠡᠯᠡᠭ ᠢ᠋ ᠨᠠᠨᠳᠢᠩᠨᠠᠨ ᠪᠡᠯᠡᠭᠯᠡᠭᠰᠡᠨ ᠳ᠋ᠦ᠍ ᠪᠠᠭ᠎ᠠ ᠬᠠᠲᠤᠨ ᠤ᠋ ᠡᠮᠦᠨ᠎ᠡ ᠡᠴᠡ ᠷᠠᠰᠢ ᠵᠠᠬᠢᠷᠤᠭᠴᠢ ᠪᠡᠯᠡᠭ ᠢ᠋ ᠲᠣᠰᠴᠤ ᠠᠪᠤᠪᠠ᠃
— ᠡᠨᠡ ᠶᠡᠬᠡ ᠪᠠᠶᠠᠷᠲᠤ ᠤᠴᠢᠷ ᠤ᠋ᠨ ᠲᠥᠯᠥᠭᠡᠨ᠎ᠡ ᠪᠢᠳᠡ ᠪᠦᠭᠦᠳᠡᠭᠡᠷ ᠠᠩᠬᠠᠨ ᠤ᠋ ᠭᠡᠮ ᠢ᠋ ᠤᠤᠭᠤᠵᠠᠭᠠᠶ᠎ᠠ! ᠭᠡᠵᠦ ᠵᠣᠳᠪᠠ ᠬᠤᠨᠳᠠᠭ᠎ᠠ ᠡᠷᠭᠦᠭᠰᠡᠨ ᠳ᠋ᠦ᠍ ᠣᠯᠠᠨ ᠪᠦᠭᠦᠳᠡ ᠠᠶᠠᠯᠳᠠᠪᠠ᠃ ᠡᠯᠳᠡᠩᠭᠡ ᠲᠤᠰᠠᠯᠠᠭᠴᠢ᠄
— ᠪᠠᠷᠰ ᠤ᠋ᠨ ᠬᠦᠴᠦᠲᠦ ᠪᠠᠷᠠᠭᠤᠨ ᠬᠦᠩ ᠦ᠋ᠨ ᠵᠠᠰᠠᠭ ᠲᠠᠮᠠᠭ᠎ᠠ ᠶ᠋ᠢ ᠪᠠᠭ᠎ᠠ ᠬᠠᠲᠤᠨ ᠰᠧᠯᠢᠩ ᠳ᠋ᠦ᠍ ᠡᠷᠭᠦᠵᠦ ᠳᠡᠪᠰᠢᠭᠦᠯᠦᠶ᠎ᠡ ᠭᠡᠵᠦ ᠡᠯᠳᠡᠩᠭᠡ ᠲᠤᠰᠠᠯᠠᠭᠴᠢ ᠶᠢᠰᠦᠨ ᠵᠢᠩ ᠬᠦᠨᠳᠦ ᠴᠣᠯ ᠮᠥᠩᠭᠥᠨ ᠲᠠᠮᠠᠭ᠎ᠠ ᠶ᠋ᠢ ᠬᠠᠳᠠᠭ ᠲᠤ ᠳᠡᠪᠢᠰᠬᠡᠷᠯᠡᠨ ᠪᠠᠭ᠎ᠠ ᠬᠠᠲᠤᠨ ᠰᠧᠯᠢᠩ ᠳ᠋ᠦ᠍ ᠳᠡᠭᠡᠳᠦᠯᠡᠨ ᠡᠷᠭᠦᠭ᠍ᠰᠡᠨ ᠳᠦ ᠷᠠᠰᠢ ᠵᠠᠬᠢᠷᠤᠭᠴᠢ ᠪᠠᠶᠠᠷᠯᠠᠨ ᠬᠥᠭᠡᠷᠴᠦ᠂ ᠵᠣᠳᠪᠠ ᠠ᠋ᠴᠠ ᠵᠠᠪᠳᠤᠵᠤ᠄
— ᠵᠠ᠂ ᠡᠷᠭᠢᠨ ᠨᠣᠶᠠᠨᠲᠠᠨ ᠠᠬᠠᠢᠲᠠᠨ ᠨᠠᠷ ᠠ᠋! ᠵᠠᠰᠠᠭ ᠲᠠᠮᠠᠭ᠎ᠠ ᠶ᠋ᠢᠨ ᠶᠡᠬᠡ ᠪᠠᠶᠠᠷ ᠳᠤ ᠪᠦᠭᠦᠳᠡ ᠨᠢᠭᠡ ᠭᠡᠮ ᠲᠣᠭᠲᠠᠭᠠᠨ᠎ᠠ ᠤᠤ? ᠭᠡᠳ ᠬᠤᠨᠳᠠᠭ᠎ᠠ ᠡᠷᠭᠦᠵᠦ ᠥᠪᠡᠷ ᠢ᠋ᠶ᠋ᠡᠨ ᠲᠦᠷᠦᠭᠦᠯᠡᠨ᠄
ᠤᠸᠠ ᠰᠠᠢᠨ ᠠᠮᠤᠭᠤᠯᠠᠩᠳᠠᠨ ᠪᠣᠯᠲᠤᠭᠠᠢ!
ᠡᠩᠬᠡ ᠰᠠᠢᠨ ᠵᠢᠷᠭᠠᠯᠠᠩᠲᠠᠨ ᠪᠣᠯᠲᠤᠭᠠᠢ!
ᠲᠡᠭᠰᠢ ᠰᠠᠢᠬᠠᠨ ᠪᠤᠶᠠᠨ ᠲᠠᠨᠢ
ᠲᠩᠷᠢ ᠶ᠋ᠢᠨ ᠵᠢᠷᠭᠠᠯ ᠮᠡᠲᠦ ᠳᠡᠯᠭᠡᠷᠡᠵᠦ
ᠲᠡᠭᠦᠰ ᠰᠠᠢᠬᠠᠨ ᠠᠯᠳᠠᠷ ᠲᠠᠨᠢ
ᠳᠡᠯᠡᠬᠡᠢ ᠶ᠋ᠢᠨ ᠨᠠᠷᠠᠨ ᠤ᠋ ᠭᠡᠷᠡᠯ ᠮᠡᠲᠦ ᠲᠤᠨᠤᠯᠤᠨ
ᠡᠩᠬᠡ ᠲᠥᠷᠥ ᠶ᠋ᠢᠨ ᠡᠮᠦᠨ᠎ᠡ ᠡᠴᠡ
ᠡᠷᠬᠢᠮ ᠱᠠᠰᠢᠨ ᠤ᠋ ᠳᠤᠮᠳᠠ ᠠ᠋ᠴᠠ
ᠲᠥᠷᠥ ᠳ᠋ᠡᠭᠡᠨ ᠲᠣᠪᠴᠢ ᠪᠣᠯᠵᠤ
ᠲᠦᠮᠡᠨ ᠳ᠋ᠡᠭᠡᠨ ᠰᠦᠯᠳᠡ ᠪᠣᠯᠵᠤ
ᠡᠯᠪᠡᠭ ᠶᠡᠬᠡ ᠪᠤᠶᠠᠨ ᠲᠠᠢ
ᠳᠡᠯᠭᠡᠷ ᠶᠡᠬᠡ ᠬᠡᠰᠢᠭ ᠲᠡᠢ
ᠡᠷᠳᠡᠨᠢ ᠶ᠋ᠢᠨ ᠵᠦᠢᠯ ᠮᠡᠲᠦ
ᠡᠪᠳᠡᠷᠡᠯ ᠦᠭᠡᠢ ᠪᠠᠲᠤ
ᠡᠷᠢᠬᠡᠨ ᠦ᠌ ᠬᠡᠯᠬᠢᠶ᠎ᠡ ᠮᠡᠲᠦ
ᠲᠠᠰᠤᠷᠠᠯ ᠦᠭᠡᠢ ᠪᠦᠲᠦᠨ
ᠡᠯᠢᠭᠡ ᠪᠡᠷ ᠢ᠋ᠶ᠋ᠡᠨ ᠡᠩᠬᠡ ᠮᠡᠨᠳᠦ
ᠲᠥᠷᠥᠯ ᠢ᠋ᠶ᠋ᠡᠷ ᠢ᠋ᠶ᠋ᠡᠨ ᠲᠡᠭᠦᠰ ᠮᠡᠨᠳᠦ
ᠲᠦᠮᠡᠨ ᠵᠦᠢᠯ ᠦ᠋ᠨ ᠪᠠᠶᠠᠷ ᠢ᠋ᠶ᠋ᠠᠷ
ᠮᠢᠩᠭᠠᠨ ᠵᠦᠢᠯ ᠦ᠋ᠨ ᠵᠢᠷᠭᠠᠯ ᠢ᠋ᠶ᠋ᠠᠷ
ᠴᠡᠩᠭᠡᠨ ᠵᠢᠷᠭᠠᠬᠤ ᠶ᠋ᠢᠨ ᠪᠡᠯᠭᠡ ᠪᠡᠷ
ᠴᠠᠯᠭᠢᠨ ᠬᠠᠯᠭᠢᠨ ᠨᠠᠷᠭᠢᠬᠤ ᠪᠠᠷ
ᠲᠦᠭᠡᠮᠡᠯ ᠶᠡᠬᠡ ᠰᠠᠷᠬᠤᠳ ᠤ᠋ᠨ ᠳᠡᠭᠡᠵᠢ ᠶ᠋ᠢ
ᠲᠥᠷᠥᠯ ᠰᠠᠳᠤᠨ ᠡᠬᠢᠯᠡᠨ
ᠲᠦᠮᠡᠨ ᠠᠬ᠎ᠠ ᠳᠡᠭᠦᠦ ᠲᠠ ᠨᠠᠷ ᠲᠠᠭᠠᠨ
ᠡᠷᠭᠦᠨ ᠠᠢᠯᠠᠳᠬᠠᠵᠤ ᠪᠠᠢᠨ᠎ᠠ᠁ ᠭᠡᠵᠦ ᠬᠤᠨᠳᠠᠭᠠᠨ ᠤ᠋ ᠢᠷᠦᠭᠡᠯ ᠤᠶᠠᠩᠭᠠᠯᠠᠭᠰᠠᠨ ᠳ᠋ᠤ᠌ ᠣᠯᠠᠨ ᠪᠦᠭᠦᠳᠡ《ᠡᠷᠭᠦᠨ ᠠᠢᠯᠠᠳᠬᠠᠵᠤ ᠪᠠᠢᠨ᠎ᠠ ᠠ᠋》 ᠭᠡᠵᠦ ᠠᠶᠠᠯᠳᠠᠨ ᠬᠥᠮᠦᠨ ᠪᠦᠬᠦᠨ ᠨᠢᠵᠡᠭᠡᠳ ᠭᠡᠮ ᠬᠥᠨᠲᠥᠷᠴᠦ ᠣᠷᠬᠢᠪᠠ᠃ ᠡᠨᠡ ᠬᠢᠷᠢ ᠳᠠᠭᠤᠴᠢᠳ᠄
ᠴᠣᠭᠴᠠᠯᠠᠭᠰᠠᠨ ᠪᠤᠶᠠᠨ ᠤ᠋ ᠬᠢᠨᠢ ᠦᠷ᠎ᠡ ᠨᠢ
ᠴᠣᠭᠴᠠ ᠪᠡᠶ᠎ᠡ ᠶ᠋ᠢᠨ ᠰᠠᠨᠠᠭᠠᠨ ᠤ᠋ ᠠᠮᠤᠷ ᠰᠠᠢᠨ
ᠴᠣᠬᠣᠮ ᠡᠷᠬᠢᠮ ᠰᠡᠳᠬᠢᠯ ᠳ᠋ᠡᠬᠢ ᠴᠢᠨᠠᠷ ᠨᠢ
ᠴᠣᠭᠲᠤ ᠰᠦᠮᠪᠦᠷ ᠠᠭᠤᠯᠠ ᠮᠡᠲᠦ ᠪᠠᠲᠤ ᠰᠠᠢᠨ᠁ ᠭᠡᠵᠦ《ᠭᠤᠷᠪᠠᠨ ᠪᠤᠶᠠᠨ》 ᠤ᠋ ᠡᠬᠢᠨ ᠦ᠌ ᠪᠠᠳᠠᠭ ᠢ᠋ ᠤᠶᠠᠩᠭᠠᠲᠠᠢᠬᠠᠨ ᠡᠯᠭᠦᠬᠦ ᠳ᠋ᠦ᠍ ᠪᠦᠬᠦ ᠶᠠᠭᠤᠮ᠎ᠠ ᠨᠠᠢᠷ ᠤ᠋ᠨ ᠠᠶᠠᠰ ᠲᠤ ᠠᠭᠤᠰᠴᠤ᠂ ᠡᠨᠡ ᠰᠠᠢᠬᠠᠨ ᠨᠠᠢᠷ ᠤ᠋ᠨ ᠰᠢᠷᠡᠭᠡ᠂ ᠰᠡᠳᠬᠢᠯ ᠦ᠋ᠨ ᠥᠨᠳᠥᠷ ᠲᠦ᠍ ᠬᠠᠮᠤᠭ ᠪᠦᠬᠦᠨ ᠦ᠌ ᠰᠡᠳᠬᠢᠯ ᠤᠶᠠᠷᠠᠨ ᠠᠯᠢᠪᠠ ᠮᠠᠭᠤ ᠮᠠᠭᠤᠬᠠᠢ ᠵᠢᠭᠰᠢᠯ ᠦ᠋ᠨ ᠵᠦᠢᠯᠡᠰ ᠣᠷᠣ ᠲᠠᠰᠤ ᠦᠭᠡᠢ ᠠᠷᠴᠢᠭᠳᠠᠬᠤ ᠲᠠᠢᠰᠢ ᠪᠠᠨ ᠬᠡᠯᠪᠡᠢᠵᠦ ᠪᠠᠢᠯ᠎ᠠ᠁
ᠡᠨᠡ ᠬᠣᠭᠣᠷᠣᠨᠳᠣ ᠡᠯᠳᠡᠩᠭᠡ᠂ ᠵᠣᠳᠪᠠ᠂ ᠷᠠᠰᠢ ᠵᠠᠬᠢᠷᠤᠭᠴᠢ ᠨᠠᠷ ᠪᠠᠭ᠎ᠠ ᠬᠠᠲᠤᠨ ᠰᠧᠯᠢᠩ ᠳ᠋ᠦ᠍ ᠪᠠᠷ᠎ᠠ ᠪᠣᠯᠵᠤ ᠵᠠᠰᠠᠭ ᠲᠠᠮᠠᠭ᠎ᠠ ᠶ᠋ᠢ ᠲᠠᠮᠠᠭ᠎ᠠ ᠶ᠋ᠢᠨ ᠣᠷᠳᠣᠨ ᠳ᠋ᠤ᠌ ᠠᠪᠠᠴᠢᠵᠤ ᠵᠤᠯᠠ ᠪᠠᠷᠢᠨ ᠮᠥᠷᠭᠥᠵᠡᠭᠡᠪᠡ᠃
ᠤᠭᠲᠤᠯᠭ᠎ᠠ ᠶ᠋ᠢᠨ ᠨᠠᠢᠷ ᠡᠮᠬᠢ ᠳᠢᠭᠯᠢᠮ ᠲᠡᠢ ᠶᠠᠪᠤᠭᠳᠠᠵᠤ ᠳᠠᠭᠤᠴᠢᠳ《ᠦᠯᠡᠮᠵᠢ ᠶ᠋ᠢᠨ ᠪᠤᠶᠠᠨ》 ᠢ᠋ ᠡᠯᠭᠦᠬᠦ ᠳ᠋ᠦ᠍ ᠬᠣᠭᠣᠷᠣᠨᠳᠣ ᠨᠢ ᠨᠠᠢᠷ ᠤ᠋ᠨ ᠬᠥᠮᠦᠰ《ᠠᠶ᠎ᠠ ᠪᠠᠨ ᠰᠡᠭᠡᠭᠡ᠁ ᠠᠰᠢᠳᠠ ᠶ᠋ᠢᠨ ᠠᠮᠤᠷ ᠵᠢᠷᠭᠠᠶ᠎ᠠ!》 ᠭᠡᠵᠦ ᠠᠶ᠎ᠠ ᠲᠦᠷᠡᠬᠦ ᠨᠢ ᠰᠡᠳᠬᠢᠯ ᠳ᠋ᠦ᠍ ᠲᠠᠭᠠᠯᠠᠭᠳᠠᠬᠤ ᠶ᠋ᠢ ᠥᠭᠦᠯᠡᠬᠦ ᠶᠠᠭᠤᠨ᠃
ᠠᠯᠲᠠ ᠮᠥᠩᠭᠥ ᠲᠦᠷᠦᠭᠦᠲᠡᠢ ᠪᠡᠯᠡᠭ ᠰᠡᠯᠲᠡ ᠶ᠋ᠢᠨ ᠬᠦᠴᠦᠨ ᠡᠴᠡ ᠤᠤ ᠡᠰᠡᠪᠡᠰᠦ ᠵᠠᠰᠠᠭ ᠲᠠᠮᠠᠭ᠎ᠠ ᠪᠠᠨ ᠠᠮᠠᠷᠬᠠᠨ ᠭᠠᠷᠲᠠᠭᠰᠠᠨ ᠠ᠋ᠴᠠ ᠤᠤ ᠪᠠᠭ᠎ᠠ ᠬᠠᠲᠤᠨ ᠰᠧᠯᠢᠩ ᠦ᠋ᠨ ᠴᠢᠷᠠᠢ ᠲᠡᠨᠢᠢᠬᠦ ᠰᠢᠭ ᠪᠣᠯᠵᠤ ᠳᠠᠭᠤᠴᠢᠳ ᠤ᠋ᠨ ᠠᠶ᠎ᠠ ᠳᠠᠭᠠᠵᠤ《ᠦᠯᠡᠮᠵᠢ ᠶ᠋ᠢᠨ ᠪᠤᠶᠠᠨ》 ᠢ᠋ ᠨᠠᠮᠤᠭᠤᠬᠠᠨ ᠠᠶᠠᠯᠤᠨ᠎ᠠ᠃
ᠶᠠᠭᠤᠮᠠᠨ ᠤ᠋ ᠣᠩᠬᠢ ᠶ᠋ᠢ ᠠᠯᠳᠠᠯ ᠦᠭᠡᠢ ᠴᠣᠬᠢᠳᠠᠭ ᠡᠯᠳᠡᠩᠭᠡ ᠡᠪᠦᠷ ᠡᠴᠡ ᠪᠡᠨ ᠠᠶᠤᠰᠢ ᠬᠠᠳᠠᠭ ᠠᠯᠳᠠᠯᠠᠨ ᠲᠠᠲᠠᠵᠤ᠂ ᠪᠠᠭ᠎ᠠ ᠬᠠᠲᠤᠨ ᠰᠧᠯᠢᠩ ᠳ᠋ᠦ᠍ ᠨᠢᠭᠡ ᠭᠡᠮ ᠠᠷᠢᠬᠢ ᠪᠠᠷᠢᠵᠤ᠄
— ᠡᠷᠭᠢᠨ ᠪᠠᠭ᠎ᠠ ᠬᠠᠲᠤᠨ ᠰᠧᠯᠢᠩ ᠮᠢᠨᠢ᠂ ᠡᠨᠡ ᠭᠡᠮ ᠢ᠋ ᠲᠣᠭᠲᠠᠭᠠᠴᠢᠬ᠎ᠠ! ᠬᠣᠯᠠ ᠶᠠᠪᠤᠵᠤ ᠬᠠᠷᠠᠭ᠎ᠠ ᠨᠡᠭᠡᠭᠡᠭᠰᠡᠨ ᠬᠥᠮᠦᠨ ᠬᠣᠢᠨ᠎ᠠ ᠳᠠ᠂ ᠮᠥᠨ ᠣᠨᠳᠣᠣ ᠶᠤᠮ ᠠ᠋! ᠡᠪᠦᠭᠡᠨ ᠪᠣᠷᠣ ᠰᠡᠳᠬᠢᠯ ᠢ᠋ ᠮᠢᠨᠢ ᠣᠢᠯᠠᠭᠠᠳᠠᠭ ᠯᠠ ᠶᠤᠮ ᠪᠣᠯ᠂ ᠣᠰᠣᠯ ᠪᠤᠷᠤᠭᠤ ᠶ᠋ᠢ ᠮᠢᠨᠢ ᠠᠭᠤᠴᠢᠯᠠᠨ ᠥᠷᠥᠰᠢᠶᠡᠬᠦ ᠪᠣᠯᠪᠠ ᠤᠤ⁈ ᠭᠡᠵᠦ ᠲᠣᠯᠣᠭᠠᠢ ᠮᠡᠬᠦᠢᠨᠡ᠃
ᠪᠠᠭ᠎ᠠ ᠬᠠᠲᠤᠨ ᠰᠧᠯᠢᠩ ᠰᠠᠭᠤᠳᠠᠯ ᠠ᠋ᠴᠠ ᠪᠠᠨ ᠪᠣᠰᠴᠤ ᠡᠪᠦᠭᠡᠨ ᠲᠤᠰᠠᠯᠠᠭᠴᠢ ᠶ᠋ᠢᠨ ᠬᠠᠳᠠᠭ ᠲᠠᠲᠠᠭᠰᠠᠨ ᠠᠷᠢᠬᠢ ᠶ᠋ᠢ ᠲᠣᠰᠴᠤ ᠠᠪᠤᠨ᠄
— ᠲᠤᠰᠠᠯᠠᠭᠴᠢ ᠲᠠ ᠰᠠᠭᠤᠭᠠᠴᠢ! ᠪᠢ ᠡᠨᠡ ᠭᠡᠮ ᠠᠷᠢᠬᠢ ᠶ᠋ᠢ ᠲᠣᠭᠲᠠᠭᠠᠴᠢᠬᠠᠶᠠ ᠭᠡᠳ ᠠᠷᠢᠬᠢ ᠶ᠋ᠢ ᠲᠣᠰᠴᠤ ᠠᠪᠤᠭᠠᠳ ᠤᠤᠭᠤᠪᠠ᠃
ᠡᠯᠳᠡᠩᠭᠡ ᠶ᠋ᠢᠨ ᠳᠣᠲᠣᠷ᠎ᠠ ᠶᠠᠭᠤ ᠪᠦᠬᠦᠨ ᠲᠣᠳᠣ ᠲᠤᠩᠭᠠᠯᠠᠭ ᠪᠣᠯᠤᠭᠠᠳ ᠶᠠᠪᠤᠴᠢᠬᠠᠯ᠎ᠠ᠃ ᠨᠢᠭᠡ ᠯᠡ ᠰᠠᠷᠠᠭᠤᠯᠵᠢᠪᠠ᠃
ᠥᠷᠥᠪᠴᠢᠬᠡᠨ ᠡᠮᠵᠢᠭ ᠪᠣᠳᠣᠯ ᠲᠠᠢ ᠡᠮ᠎ᠡ ᠬᠥᠮᠦᠨ ᠦ᠌ ᠬᠤᠪᠢ ᠳ᠋ᠤ᠌ ᠪᠠᠭ᠎ᠠ ᠬᠠᠲᠤᠨ ᠰᠧᠯᠢᠩ ᠦ᠋ᠨ ᠰᠡᠳᠬᠢᠯ ᠤᠶᠠᠷᠠᠵᠤ᠂ ᠤᠤᠯ ᠤ᠋ᠨ ᠡᠯᠳᠡᠩᠭᠡ ᠲᠡᠷᠢᠭᠦᠲᠡᠨ ᠢ᠋ ᠶᠠᠯᠠᠯᠠᠨ ᠴᠠᠭᠠᠵᠠᠯᠠᠬᠤ ᠭᠡᠵᠦ ᠦᠰ ᠵᠠᠩᠭᠢᠳᠴᠤ ᠪᠠᠢᠭᠰᠠᠨ ᠬᠠᠷ᠎ᠠ ᠪᠣᠳᠣᠯ ᠨᠢ ᠲᠣᠪᠴᠢ ᠠᠯᠳᠠᠷᠠᠬᠤ ᠰᠢᠭ᠋ ᠢᠯᠳᠠᠮᠬᠠᠨ ᠲᠠᠢᠯᠤᠭᠳᠠᠨ᠎ᠠ᠁
《ᠮᠢᠩᠭᠠᠨ ᠨᠣᠶᠠᠨ᠂ ᠰᠢᠷ᠎ᠠ ᠴᠡᠷᠢᠭ ᠬᠣᠶᠠᠷ ᠢ᠋ ᠲᠦᠰᠢᠵᠦ ᠶᠠᠪᠤᠭᠠᠳ ᠴᠦ᠍ ᠮᠥᠨ ᠭᠠᠪᠢᠭᠰᠠᠨ ᠦᠭᠡᠢ ᠴᠢᠷᠠᠢ᠃ ᠬᠠᠮᠠᠷ ᠲᠤᠨᠢ ᠤᠲᠤᠭ᠎ᠠ ᠣᠷᠣᠵᠤ ᠬᠠᠯᠠᠭᠤᠨ ᠴᠢᠯᠠᠭᠤ ᠳᠣᠯᠢᠶᠠᠭᠠᠳ ᠬᠠᠰᠢᠷᠵᠢᠭᠰᠠᠨ ᠲᠣᠯᠣᠭᠠᠢ ᠪᠣᠢ ᠳᠠ! ᠡᠴᠦᠰ ᠦ᠋ᠨ ᠡᠴᠦᠰ ᠲᠦ᠍ ᠨᠤᠲᠤᠭ ᠤ᠋ᠨ ᠴᠢᠨᠢ ᠮᠣᠳᠣ ᠰᠡᠭᠦᠳᠡᠷ ᠲᠡᠢ ᠪᠠᠢᠭ᠎ᠠ᠁ ᠬᠥᠭᠡᠷᠦᠬᠦᠢ ᠶᠦᠮ ᠠ᠋! ᠡᠪᠦᠭᠡᠨ ᠰᠢᠪᠠᠭᠤ᠂ ᠥᠲᠡᠯᠬᠦ ᠶ᠋ᠢᠨ ᠦᠵᠦᠭᠦᠷ ᠨᠤᠲᠤᠭ ᠤ᠋ᠨ ᠢ᠋ᠶ᠋ᠠᠨ ᠬᠠᠳᠠᠨ ᠳᠡᠭᠡᠷ᠎ᠡ ᠪᠡᠭᠡᠪᠡᠢᠨ ᠰᠠᠭᠤᠪᠠᠯ ᠨᠠᠰᠤᠨ ᠤ᠋ ᠡᠪᠦᠯ ᠳ᠋ᠡᠭᠡᠨ ᠪᠤᠭᠤᠷᠤᠯᠲᠤᠬᠤ ᠳ᠋ᠤ᠌ ᠪᠡᠭᠡᠷᠡᠬᠦ ᠦᠭᠡᠢ ᠭᠡᠳᠡᠭ ᠢ᠋ᠶ᠋ᠡᠨ ᠡᠪᠦᠭᠡᠵᠢᠶᠡᠷ ᠲᠣᠯᠣᠭᠠᠢ ᠤᠬᠠᠭᠠᠷᠠᠭᠰᠠᠨ ᠪᠢᠵᠡ⁈᠁》 ᠭᠡᠵᠦ ᠪᠠᠭ᠎ᠠ ᠬᠠᠲᠤᠨ ᠪᠣᠳᠣᠪᠠ᠃ ᠡᠯᠳᠡᠩᠭᠡ ᠲᠤᠰᠠᠯᠠᠭᠴᠢ ᠪᠠᠷᠤᠭ ᠤ᠋ᠨ ᠬᠥᠮᠦᠨ ᠦ᠌ ᠳᠣᠣᠷ᠎ᠠ ᠲᠣᠯᠣᠭᠠᠢ ᠮᠡᠬᠦᠢᠵᠦ ᠡᠪᠦᠳᠦᠭ ᠨᠤᠭᠤᠷᠠᠳᠠᠭ ᠦᠭᠡᠢ ᠶᠦᠮ ᠭᠡᠨ᠎ᠡ ᠪᠢᠯᠡ᠃ ᠲᠡᠭᠦᠨ ᠦ᠌ ᠢᠩᠭᠢᠬᠦ ᠶ᠋ᠢ ᠠᠩᠬ᠎ᠠ ᠬᠠᠷᠠᠭᠰᠠᠨ ᠪᠠᠭ᠎ᠠ ᠬᠠᠲᠤᠨ ᠤ᠋ ᠰᠡᠳᠬᠢᠯ ᠵᠥᠭᠡᠯᠡᠷᠡᠨ ᠦᠷᠦ ᠡᠪᠡᠳᠬᠦ ᠳ᠋ᠦ᠍《ᠡᠮ᠎ᠡ ᠬᠥᠮᠦᠨ ᠶᠠᠭᠠᠬᠢᠵᠤ ᠰᠣᠭᠰᠣᠯᠵᠠᠪᠠᠴᠤ ᠡᠷ᠎ᠡ ᠬᠥᠮᠦᠨ ᠦ᠌ ᠳᠣᠣᠷ᠎ᠠ ᠬᠠᠪᠲᠠᠯᠵᠠᠬᠤ ᠠ᠋ᠴᠠ ᠬᠠᠮᠢᠭ᠎ᠠ ᠭᠠᠷᠬᠤ ᠪᠣᠢ? ᠢᠮᠠᠭ᠎ᠠ ᠲᠤᠢᠯᠠᠭᠠᠳ ᠶᠠᠩᠭᠢᠶ᠎ᠠ ᠡᠪᠳᠡᠬᠦ ᠦᠭᠡᠢ ᠭᠡᠳᠡᠭ ᠢ᠋ᠶ᠋ᠡᠷ ᠴᠢ ᠰᠣᠭᠰᠣᠯᠵᠠᠬᠤ ᠪᠠᠷ ᠢ᠋ᠶ᠋ᠠᠨ ᠰᠣᠭᠰᠣᠯᠵᠠᠵᠤ᠂ ᠢᠮᠠᠭᠠᠨ ᠲᠣᠢᠯᠠᠭᠠ ᠪᠠᠷ ᠪᠠᠷᠠᠭᠤᠨ ᠬᠣᠰᠢᠭᠤ ᠶ᠋ᠢ ᠪᠠᠭᠲᠠ ᠶᠠᠳᠠᠷᠠᠲᠠᠯ᠎ᠠ ᠲᠣᠢᠯᠠᠵᠤ ᠯᠠ ᠪᠠᠢ ᠳᠠ! ᠪᠤᠷᠤᠭᠤ ᠵᠢᠯᠣᠭᠣ ᠳᠤᠭᠲᠤᠷᠴᠤ ᠶᠠᠪᠤᠭᠰᠠᠨ ᠮᠠᠭᠤ ᠶᠠᠩᠬᠠᠨ ᠡᠮ᠎ᠡ ᠴᠢ᠂ ᠪᠠᠷᠠᠭᠤᠨ ᠬᠤᠰᠢᠭᠤᠨ ᠤ᠋ ᠨᠤᠲᠤᠭ ᠲᠤ ᠪᠠᠷᠤᠭᠲᠠᠢᠬᠠᠨ ᠰᠢᠭ᠋ ᠲᠠᠪᠠᠷᠠ! ᠰᠠᠢᠨ ᠢ᠋ᠶ᠋ᠠᠨ ᠦᠵᠡᠬᠦ ᠴᠠᠭ ᠴᠢᠨᠢ ᠬᠣᠢᠨ᠎ᠠ ᠪᠠᠨ ᠪᠣᠢ》 ᠭᠡᠵᠦ ᠴᠠᠭᠠᠨ᠎ᠠ ᠪᠠᠨ ᠪᠢᠲᠡᠭᠦᠦ ᠵᠠᠨᠤᠯ ᠡᠪᠦᠷᠯᠡᠭᠰᠡᠨ ᠡᠯᠳᠡᠩᠭᠡ ᠶ᠋ᠢᠨ ᠢᠨᠢᠶᠡᠳᠦ ᠴᠠᠯᠭᠢᠭᠤᠯᠤᠭᠰᠠᠨ ᠴᠢᠷᠠᠢ ᠳ᠋ᠤ᠌ ᠨᠢᠭᠤᠴᠠᠬᠠᠨ ᠶᠠᠭᠤᠮ᠎ᠠ ᠪᠠᠭᠯᠠᠭᠳᠠᠭᠰᠠᠨ ᠢ᠋ ᠪᠠᠭ᠎ᠠ ᠬᠠᠲᠤᠨ ᠶᠠᠭᠠᠬᠢᠵᠤ ᠮᠡᠳᠡᠬᠦ ᠪᠣᠢ⁈
ᠡᠶᠡᠷᠡᠬᠦᠨ ᠠᠮᠢᠰᠬᠤᠭ᠎ᠠ ᠲᠠᠢ ᠳᠠᠢᠯᠠᠯᠭ᠎ᠠ ᠶ᠋ᠢᠨ ᠰᠢᠷᠡᠭᠡᠨ ᠳ᠋ᠦ᠍ ᠵᠣᠩᠬᠢᠯᠠᠬᠤ ᠬᠥᠮᠦᠰ ᠦ᠋ᠨ ᠨᠢᠳᠦ ᠴᠠᠳᠬᠤᠯᠳᠠᠵᠤ ᠪᠣᠳᠣᠯ ᠮᠠᠩᠰᠢᠭᠤᠷᠠᠨ ᠡᠩᠬᠡ ᠮᠡᠨᠳᠦ ᠶ᠋ᠢᠨ ᠪᠡᠯᠭᠡᠰᠢᠶᠡᠯ ᠢ᠋ᠶ᠋ᠡᠷ ᠪᠠᠭ᠎ᠠ ᠬᠠᠲᠤᠨ ᠤ᠋ ᠴᠢᠷᠠᠢ ᠥᠩᠭᠡ ᠶ᠋ᠢ ᠠᠶᠠᠯᠳᠠᠵᠤ ᠪᠠᠢᠬᠤ ᠳ᠋ᠤ᠌ ᠭᠠᠭᠴᠠ ᠷᠠᠰᠢ ᠵᠠᠬᠢᠷᠤᠭᠴᠢ ᠶ᠋ᠢᠨ ᠴᠢᠷᠠᠢ ᠳ᠋ᠤ᠌ ᠡᠭᠦᠯᠡ ᠬᠤᠢᠯᠠᠷᠠᠵᠤ ᠪᠠᠢᠯ᠎ᠠ᠃ ᠡᠯᠳᠡᠩᠭᠡ ᠶ᠋ᠢᠨ ᠢᠨᠢᠶᠡᠮᠰᠦᠭ ᠴᠢᠷᠠᠢ ᠳ᠋ᠤ᠌ ᠨᠢᠭᠤᠴᠠᠬᠠᠨ ᠪᠠᠭᠯᠠᠭᠳᠠᠭᠰᠠᠨ ᠪᠡᠯᠭᠡ ᠪᠤᠰᠤ ᠶ᠋ᠢᠨ ᠵᠦᠢᠯᠡᠰ ᠢ᠋ ᠲᠡᠷᠡ ᠰᠡᠮᠬᠡᠨ ᠳᠠᠭᠠᠵᠤ ᠮᠡᠳᠡᠵᠡᠢ᠃
ᠪᠠᠭ᠎ᠠ ᠬᠠᠲᠤᠨ ᠬᠤᠨᠳᠠᠭ᠎ᠠ ᠵᠠᠰᠠᠵᠤ᠄
— ᠲᠤᠰᠠᠯᠠᠭᠴᠢ ᠲᠠᠨ ᠤ᠋ ᠰᠠᠢᠨ ᠢ᠋ᠶ᠋ᠠᠷ ᠤᠭᠲᠤᠯᠭ᠎ᠠ ᠶ᠋ᠢᠨ ᠨᠠᠢᠷ ᠰᠡᠳᠬᠢᠯ ᠳ᠋ᠦ᠍ ᠰᠠᠢᠬᠠᠨ ᠪᠠᠢᠨ᠎ᠠ᠃ ᠲᠠ ᠮᠢᠨᠦ ᠬᠠᠷᠢᠭᠤ ᠪᠠᠷᠢᠭᠰᠠᠨ ᠠᠷᠢᠬᠢ ᠶ᠋ᠢ ᠲᠣᠭᠲᠠᠭᠠᠨ᠎ᠠ ᠤᠤ⁈ ᠭᠡᠰᠡᠨ ᠳ᠋ᠦ᠍ ᠡᠯᠳᠡᠩᠭᠡ ᠲᠤᠰᠠᠯᠠᠭᠴᠢ ᠬᠤᠨᠳᠠᠭ᠎ᠠ ᠲᠠᠢ ᠠᠷᠢᠬᠢ ᠶ᠋ᠢ ᠲᠣᠰᠴᠤ ᠤᠤᠭᠤᠭᠠᠳ᠄
— ᠡᠷᠭᠢᠨ ᠬᠠᠲᠤᠨ ᠰᠧᠯᠢᠩ ᠤᠬᠠᠭᠠᠨ ᠴᠢᠳᠠᠯ ᠬᠣᠣᠰᠯᠠᠵᠤ᠂ ᠠᠯᠤᠰ ᠢ᠋ ᠪᠣᠳᠣᠨ ᠬᠣᠯᠠ ᠶ᠋ᠢ ᠬᠠᠷᠠᠵᠤ᠂ ᠥᠴᠦᠬᠡᠨ ᠬᠥᠮᠦᠨ ᠤ ᠠᠭᠤᠴᠢᠯᠠᠰᠢ ᠦᠭᠡᠢ ᠣᠰᠣᠯ ᠶᠠᠯ᠎ᠠ ᠶ᠋ᠢ ᠥᠩᠭᠡᠷᠡᠭᠦᠯᠦᠭᠰᠡᠨ ᠡᠨᠡᠷᠢᠯ ᠳ᠋ᠦ᠍ ᠴᠢᠨᠢ ᠪᠢ ᠪᠠᠶᠠᠷᠯᠠᠵᠤ ᠪᠠᠷᠠᠰᠢ ᠦᠭᠡᠢ᠃ ᠡᠷᠭᠢᠨ ᠪᠠᠭ᠎ᠠ ᠬᠠᠲᠤᠨ ᠣᠳᠣ ᠪᠠᠷᠠᠭᠤᠨ ᠬᠦᠩ ᠳ᠋ᠡᠭᠡᠨ ᠪᠤᠴᠠᠵᠤ ᠢᠷᠡᠭᠰᠡᠨ ᠨᠢ ᠰᠠᠢᠨ ᠪᠣᠯᠤᠯ᠎ᠠ᠁ ᠪᠠᠷᠠᠭᠤᠨ ᠬᠦᠩ ᠮᠢᠨᠢ ᠥᠩᠭᠡᠷᠡᠭᠴᠢ ᠬᠡᠳᠦᠨ ᠵᠢᠯ ᠰᠦᠨᠡᠰᠦ ᠪᠡᠨ ᠭᠡᠭᠡᠭᠰᠡᠨ ᠬᠥᠮᠦᠨ ᠰᠢᠭ ᠮᠡᠨᠡᠭᠷᠡᠵᠦ ᠶᠠᠪᠤᠯ᠎ᠠ᠁ ᠪᠠᠭ᠎ᠠ ᠬᠠᠲᠤᠨ ᠮᠢᠨᠢ! ᠣᠳᠣ ᠪᠠᠷᠠᠭᠤᠨ ᠬᠦᠩ ᠦ᠋ᠨ ᠵᠢᠯᠣᠭᠣ ᠡᠵᠡᠨ ᠳ᠋ᠡᠭᠡᠨ ᠪᠤᠴᠠᠭᠰᠠᠨ ᠨᠢ ᠠᠵᠠ ᠪᠤᠶᠠᠨ! ᠭᠣᠣᠯ ᠨᠢ ᠬᠣᠰᠢᠭᠤ ᠣᠯᠠᠨ ᠢ᠋ᠶ᠋ᠠᠨ ᠥᠭᠡᠳᠡ ᠨᠢ ᠲᠠᠲᠠᠳᠠᠭ ᠯᠠ ᠪᠣᠯ ᠮᠢᠨᠦ ᠬᠥᠭᠰᠢᠨ ᠶᠠᠰᠤ ᠶ᠋ᠢ ᠶᠠᠭᠠᠬᠢᠭᠰᠠᠨ ᠴᠦ᠍ ᠬᠠᠮᠢᠶ᠎ᠠ ᠦᠭᠡᠢ᠁ ᠪᠢ ᠢᠩᠭᠢᠭᠡᠳ ᠡᠷᠭᠢᠨ ᠪᠠᠭ᠎ᠠ ᠬᠠᠲᠤᠨ ᠤ᠋ ᠵᠠᠬᠢᠷᠤᠯ ᠳᠣᠣᠷ᠎ᠠ ᠵᠢᠭᠠᠭᠰᠠᠨ ᠵᠦᠭ ᠲᠦ᠍ ᠴᠢᠨᠢ ᠶᠠᠪᠤᠵᠤ᠂ ᠵᠠᠩᠳᠤᠷᠤᠭᠰᠠᠨ ᠭᠠᠵᠠᠷ ᠴᠢᠨᠢ ᠵᠣᠭᠰᠣᠵᠤ ᠶᠠᠯ᠎ᠠ ᠪᠠᠨ ᠭᠠᠪᠢᠶ᠎ᠠ ᠪᠠᠷ ᠲᠠᠢᠯᠵᠤ ᠶᠠᠪᠤᠶ᠎ᠠ! ᠭᠡᠰᠡᠨ ᠢ᠋ ᠰᠣᠨᠣᠰᠤᠭᠰᠠᠨ ᠪᠠᠭ᠎ᠠ ᠬᠠᠲᠤᠨ ᠤᠶᠠᠷᠠᠵᠤ《ᠡᠯᠳᠡᠩᠭᠡ ᠭᠤᠸᠠᠢ ᠬᠠᠭᠤᠴᠢᠨ ᠵᠠᠰᠠᠭ ᠬᠦᠩ ᠨᠣᠶᠠᠨ ᠳ᠋ᠤ᠌ ᠠᠩᠬ᠎ᠠ ᠠᠩᠬᠠᠨ ᠤ᠋ ᠭᠠᠪᠢᠶᠠᠲᠠᠢ ᠶᠠᠪᠤᠭᠰᠠᠨ ᠬᠥᠮᠦᠨ ᠦ᠌ ᠨᠢᠭᠡ᠁ ᠬᠡᠳᠦᠢᠪᠡᠷ ᠳᠣᠲᠣᠷ᠎ᠠ ᠵᠠᠭᠤᠷ᠎ᠠ ᠶ᠋ᠢᠨ ᠬᠢᠮᠤᠷᠠᠯ ᠭᠠᠷᠴᠤ ᠠᠯᠠᠭᠠᠨ ᠬᠥᠪᠰᠢᠭᠡᠨ ᠪᠣᠯᠤᠭᠰᠠᠨ ᠪᠣᠯᠪᠠᠴᠤ ᠭᠠᠭᠴᠠ ᠡᠯᠳᠡᠩᠭᠡ ᠳ᠋ᠦ᠍ ᠪᠤᠷᠤᠭᠤ ᠲᠣᠬᠣᠬᠤ ᠶ᠋ᠢᠨ ᠠᠷᠭ᠎ᠠ ᠦᠭᠡᠢ᠃ ᠬᠣᠶᠠᠷ ᠠᠯᠠᠭ᠎ᠠ ᠬᠠᠪᠰᠤᠷᠬᠤ ᠦᠭᠡᠢ ᠪᠣᠯ ᠶᠠᠭᠠᠬᠢᠵᠤ ᠳᠠᠭᠤᠨ ᠭᠠᠷᠬᠤ ᠪᠢᠯᠡ⁈ ᠴᠡᠴᠡᠭ ᠬᠠᠲᠤᠨ᠂ ᠮᠠᠨᠴᠤᠷᠭ᠎ᠠ ᠶ᠋ᠢᠨ ᠰᠠᠮᠠᠭᠤᠷᠠᠭᠰᠠᠨ ᠤᠴᠢᠷ ᠢ᠋ ᠥᠯᠵᠡᠢᠰᠠᠩ ᠪᠣᠯᠠᠢ ᠡᠭᠦᠰᠬᠡᠵᠦ᠁》 ᠭᠡᠵᠦ ᠪᠣᠳᠣᠨ ᠴᠢᠷᠠᠢ ᠲᠡᠨᠢᠢᠯᠭᠡᠨ ᠶᠠᠭᠤ ᠨᠢᠭᠡ ᠶ᠋ᠢ ᠬᠡᠯᠡᠬᠦ ᠭᠡᠳ ᠥᠨᠳᠡᠢᠲᠡᠯ᠎ᠡ ᠷᠠᠰᠢ ᠵᠠᠬᠢᠷᠤᠭᠴᠢ ᠪᠠᠭ᠎ᠠ ᠬᠠᠲᠤᠨ ᠤ᠋ ᠴᠢᠬᠢᠨ ᠳ᠋ᠦ᠍ ᠨᠢᠭᠡ ᠶᠠᠭᠤᠮ᠎ᠠ ᠰᠢᠪᠡᠨᠡᠪᠡ᠃
ᠡᠯᠳᠡᠩᠭᠡ ᠪᠣᠯ ᠶᠠᠮᠠᠷ ᠴᠦ᠍ ᠣᠷᠴᠢᠨ ᠬᠠᠮᠢᠭ᠎ᠠ ᠴᠦ᠍ ᠭᠡᠰᠡᠨ ᠦᠭᠡᠢ ᠨᠣᠶᠠᠯᠠᠬᠤ ᠪᠠᠢᠷᠢ ᠶ᠋ᠢᠨ ᠡᠲᠡᠭᠡᠳ ᠦ᠋ᠨ ᠰᠤᠳᠠᠯ ᠢ᠋ ᠨᠢ ᠪᠠᠷᠢᠵᠤ ᠮᠡᠳᠡᠭᠰᠡᠨ ᠰᠢᠭ ᠴᠢᠷᠠᠢ ᠥᠩᠭᠡ ᠶ᠋ᠢ ᠨᠢ ᠦᠵᠡᠵᠦ᠂ ᠶᠠᠪᠤᠳᠠᠯ ᠤᠴᠢᠷ ᠤ᠋ᠨ ᠣᠨᠢ ᠶ᠋ᠢ ᠭᠣᠭᠴᠣᠭᠠᠯᠠᠵᠤ ᠰᠦᠪᠡᠯᠡᠳᠡᠭ ᠬᠠᠰᠢᠷ ᠰᠤᠷᠮᠠᠭᠠᠢ ᠡᠷ᠎ᠡ ᠶ᠋ᠢᠨ ᠨᠢᠭᠡ ᠪᠡᠷ ᠥᠴᠦᠬᠡᠨ ᠴᠦ᠍ ᠮᠡᠩᠳᠡᠵᠦ ᠶᠠᠭᠠᠷᠠᠬᠤ ᠦᠭᠡᠢ᠂ ᠯᠠᠪᠳᠠᠭᠤᠨ ᠲᠠᠢᠪᠤᠩ ᠠᠪᠤᠷᠢ ᠪᠠᠷ ᠨᠥᠭᠦᠭᠡ ᠡᠲᠡᠭᠡᠳ ᠦ᠋ᠨ ᠢᠲᠡᠭᠡᠯ ᠢ᠋ ᠬᠣᠨᠵᠢᠵᠤ ᠬᠡᠵᠢᠶ᠎ᠡ ᠠᠷᠤ ᠬᠣᠢᠨ᠎ᠠ ᠨᠢ ᠥᠪᠡᠷ ᠲᠦ᠋ᠨᠢ ᠠᠰᠢᠭᠲᠠᠢ ᠶ᠋ᠢ ᠵᠠᠪᠰᠢᠵᠤ ᠴᠢᠳᠠᠳᠠᠭ ᠬᠥᠮᠦᠨ ᠮᠥᠨ ᠭᠡᠭᠴᠢ ᠶ᠋ᠢ ᠷᠠᠰᠢ ᠵᠠᠬᠢᠷᠤᠭᠴᠢ ᠬᠡᠷᠬᠢᠨ ᠠᠨᠳᠠᠬᠤ ᠪᠢᠯᠡ⁈ ᠲᠡᠷᠡ ᠪᠡᠷ ᠪᠠᠭ᠎ᠠ ᠬᠠᠲᠤᠨ ᠤ᠋ ᠴᠢᠬᠢᠨ ᠳ᠋ᠦ᠍《ᠪᠠᠭ᠎ᠠ ᠬᠠᠲᠤᠨ ᠠ᠋᠂ ᠡᠨᠡ ᠰᠡᠭᠦᠯ ᠨᠢ ᠤᠭ ᠲᠠᠭᠠᠨ ᠬᠦᠷᠲᠡᠯ᠎ᠡ ᠴᠠᠢᠭᠰᠠᠨ ᠬᠤᠯᠵᠢᠨ ᠦᠨᠡᠭᠡᠨ ᠳ᠋ᠦ᠍ ᠨᠠᠢᠷ ᠲᠠᠯᠪᠢᠵᠤ ᠪᠣᠯᠬᠤ ᠦᠭᠡᠢ ᠰᠢᠦ! ᠡᠨᠡ ᠰᠠᠢᠬᠠᠨ ᠳᠡᠯᠢᠮ ᠢ᠋ᠶ᠋ᠡᠷ ᠲᠡᠭᠦᠨ ᠢ᠋ ᠴᠠᠭᠠᠵᠠ ᠪᠠᠷ ᠠᠪᠠᠴᠢᠬᠤ ᠬᠡᠷᠡᠭᠲᠡᠢ! ᠡᠰᠡ ᠲᠡᠢᠮᠦ ᠪᠣᠯ᠁ ᠬᠠᠪᠬᠠᠨ ᠳ᠋ᠤ᠌ ᠣᠷᠣᠭᠰᠠᠨ ᠴᠢᠨᠣ᠎ᠠ ᠶ᠋ᠢ ᠲᠠᠯᠪᠢᠵᠤ ᠶᠠᠪᠤᠭᠤᠯᠤᠭᠰᠠᠨ ᠶᠠᠭᠤᠮ᠎ᠠ ᠪᠣᠯᠵᠤ ᠬᠡᠵᠢᠶ᠎ᠡ ᠬᠣᠢᠨ᠎ᠠ ᠴᠢᠮᠠᠶ᠋ᠢ ᠰᠣᠷᠪᠢ ᠦᠭᠡᠢ ᠬᠠᠳᠤᠷᠬᠤ ᠳ᠋ᠤ᠌ ᠭᠡᠮᠰᠢᠪᠡᠴᠦ ᠣᠷᠣᠢᠳᠠᠨᠠ》 ᠭᠡᠰᠡᠨ ᠢ᠋ ᠪᠠᠭ᠎ᠠ ᠬᠠᠲᠤᠨ ᠦᠭᠡ ᠪᠣᠯᠭᠠᠭᠰᠠᠨ ᠦᠭᠡᠢ ᠢᠨᠢᠶᠡᠰᠬᠢᠭᠡᠳ ᠥᠩᠭᠡᠷᠡᠪᠡ᠃
ᠷᠠᠰᠢ ᠵᠠᠬᠢᠷᠤᠭᠴᠢ ᠪᠠᠭ᠎ᠠ ᠬᠠᠲᠤᠨ ᠠ᠋ᠴᠠ ᠨᠢᠭᠤᠷ ᠣᠯᠤᠭᠰᠠᠨ ᠦᠭᠡᠢ ᠳ᠋ᠡᠭᠡᠨ ᠬᠠᠮᠰᠢᠢᠵᠤ᠂《ᠪᠠᠭ᠎ᠠ ᠬᠠᠲᠤᠨ ᠲᠠ ᠮᠢᠨᠢ ᠠ᠋᠂ ᠮᠥᠩᠭᠥ ᠴᠠᠭᠠᠨ ᠨᠢᠳᠦ ᠤᠯᠠᠭᠠᠨ ᠠ᠋ᠴᠠ ᠪᠣᠯᠪᠠ ᠤᠤ? ᠡᠮ᠎ᠡ ᠬᠥᠮᠦᠨ ᠦᠰᠦ ᠤᠷᠲᠤ ᠪᠣᠳᠣᠯ ᠣᠬᠣᠷ ᠠ᠋ᠴᠠ ᠪᠣᠯᠪᠠ ᠊ᠤᠤ? ᠡᠷᠭᠦᠴᠡ ᠪᠡᠯᠡᠭ ᠲᠤᠨᠢ ᠳᠤᠷᠠᠯᠠᠵᠤ᠂ ᠤᠷᠠᠨ ᠦᠭᠡᠨ ᠳ᠋ᠦ᠍ᠨᠢ ᠬᠠᠭᠤᠷᠲᠠᠪᠠ ᠊ᠤᠤ ᠲᠠ⁈ ᠡᠯᠳᠡᠩᠭᠡ ᠡᠨᠳᠡ ᠡᠴᠡ ᠭᠠᠷᠤᠭᠠᠳ ᠶᠠᠪᠤᠪᠠᠯ ᠬᠥᠷᠥᠰᠥ ᠪᠡᠨ ᠤᠷᠪᠠᠭᠤᠯᠵᠤ᠂ ᠬᠥᠳᠥᠰᠥ ᠪᠡᠨ ᠡᠷᠭᠢᠭᠦᠯᠦᠭᠡᠳ ᠡᠮᠦᠰᠴᠢᠬᠡᠬᠦ ᠬᠥᠮᠦᠨ ᠰᠢᠦ! ᠲᠡᠷᠡ ᠡᠯᠳᠡᠩᠭᠡ ᠣᠯᠠᠨ ᠤ᠋ ᠡᠮᠦᠨ᠎ᠡ ᠢᠩᠭᠢᠵᠦ ᠣᠪᠯᠠᠬᠤ ᠳ᠋ᠠᠭᠠᠨ ᠬᠥᠮᠦᠨ ᠦ᠌ ᠨᠢᠳᠦ ᠰᠡᠳᠬᠢᠯ ᠢ᠋ ᠬᠠᠭᠤᠷᠴᠤ ᠪᠠᠢᠭ᠎ᠠ ᠬᠡᠷᠡᠭ! ᠦᠨᠡᠨ ᠳ᠋ᠡᠭᠡᠨ ᠪᠠᠭ᠎ᠠ ᠬᠠᠲᠤᠨ ᠲᠠᠨ ᠢ᠋ ᠨᠢᠳᠦᠨ ᠳ᠋ᠡᠭᠡᠨ ᠬᠠᠪᠴᠢᠭᠠ ᠦᠭᠡᠢ᠃ ᠬᠠᠳᠠᠭ ᠲᠡᠳᠡᠨ ᠲᠣᠯᠣᠭᠠᠢ ᠮᠡᠬᠦᠢᠨ ᠪᠠᠯ ᠲᠥᠰᠦᠷᠭᠡᠭᠰᠡᠨ ᠦᠭᠡ ᠤᠷᠤᠰᠬᠠᠬᠤ ᠳ᠋ᠠᠭᠠᠨ ᠴᠠᠭᠠᠨ᠎ᠠ ᠪᠠᠨ ᠮᠡᠰᠡ ᠨᠢᠭᠤᠭᠰᠠᠨ ᠢ᠋ ᠴᠢ ᠬᠠᠷᠠᠵᠤ ᠪᠠᠢᠨ᠎ᠠ ᠊ᠤᠤ? ᠬᠡᠵᠢᠶ᠎ᠡ ᠬᠣᠢᠨ᠎ᠠ ᠪᠠᠭ᠎ᠠ ᠬᠠᠲᠤᠨ ᠲᠠᠨ ᠢ᠋ ᠡᠳ᠋ ᠮᠥᠩᠭᠥᠨ ᠳ᠋ᠦ᠍ ᠰᠢᠨᠤᠷᠠᠬᠠᠭᠰᠠᠨ ᠬᠣᠨᠵᠢᠩ ᠳ᠋ᠤ᠌ ᠳᠤᠷᠠᠲᠠᠢ ᠡᠮ᠎ᠡ ᠶ᠋ᠢᠨ ᠨᠡᠷ᠎ᠡ ᠵᠡᠭᠦᠯᠭᠡᠴᠢᠬᠡᠭᠡᠳ ᠬᠣᠩᠭᠣ ᠶ᠋ᠢ ᠴᠢᠨᠢ ᠤᠷᠠᠬᠤ ᠳ᠋ᠤ᠌ ᠲᠠ ᠬᠣᠵᠢᠳᠠᠨᠠ ᠳᠠ!》 ᠭᠡᠵᠦ ᠪᠠᠭ᠎ᠠ ᠬᠠᠲᠤᠨ ᠤ᠋ ᠲᠥᠯᠥᠭᠡ ᠪᠣᠳᠣᠯ ᠪᠣᠯᠪᠠ᠃
ᠪᠠᠭ᠎ᠠ ᠬᠠᠲᠤᠨ ᠡᠯᠳᠡᠩᠭᠡ ᠶ᠋ᠢᠨ ᠲᠠᠮᠢᠷ ᠢ᠋ ᠮᠡᠳᠡᠬᠦ ᠦᠭᠡᠢ ᠪᠢᠰᠢ ᠰᠠᠢᠨ ᠮᠡᠳᠡᠨ᠎ᠡ᠃ ᠷᠠᠰᠢ ᠵᠠᠬᠢᠷᠤᠭᠴᠢ ᠶ᠋ᠢᠨ ᠰᠠᠨᠠᠭᠤᠯᠤᠭᠰᠠᠨ ᠦᠭᠡ ᠪᠤᠷᠤᠭᠤ ᠦᠭᠡᠢ᠃ ᠡᠨᠡ ᠬᠢᠷᠢ ᠶ᠋ᠢᠨ ᠤᠬᠠᠭᠠᠨ ᠪᠤᠶᠤ ᠡᠯᠳᠡᠩᠭᠡ ᠶ᠋ᠢᠨ ᠣᠪᠣᠷ ᠰᠤᠷᠲᠠᠯ ᠢ᠋ ᠲᠡᠩᠰᠡᠵᠦ ᠪᠠᠢᠭᠠᠳ ᠶᠠᠮᠠᠷ ᠰᠢᠤᠬᠠᠨ ᠰᠢᠢᠳᠪᠦᠷᠢ ᠥᠭᠬᠦ ᠪᠣᠳᠣᠯ ᠲᠥᠰᠥᠪ ᠴᠡᠭᠡᠵᠢᠨ ᠳ᠋ᠦ᠍ᠨᠢ ᠲᠢᠭ ᠲᠠᠭ᠃ ᠢᠯᠠᠩᠭᠤᠶ᠎ᠠ ᠡᠯᠳᠡᠩᠭᠡ ᠶ᠋ᠢᠨ ᠠᠰᠠᠭᠤᠳᠠᠯ ᠳ᠋ᠤ᠌ ᠬᠢᠨᠠᠭᠤᠷ ᠨᠢᠮᠪᠠᠢ ᠬᠠᠨᠳᠤᠬᠤ ᠬᠡᠷᠡᠭᠲᠡᠢ᠃ ᠡᠯᠳᠡᠩᠭᠡ ᠪᠠᠷᠠᠭᠤᠨ ᠬᠦᠩ ᠦ᠋ᠨ ᠵᠠᠰᠠᠭ ᠶᠠᠮᠤᠨ ᠳ᠋ᠤ᠌ ᠨᠥᠯᠥᠭᠡ ᠲᠤᠰᠬᠠᠯ ᠲᠠᠢ ᠬᠥᠮᠦᠰ ᠦ᠋ᠨ ᠳᠣᠲᠣᠷ᠎ᠠ ᠲᠡᠷᠢᠭᠦᠨ ᠳ᠋ᠦ᠍ ᠣᠷᠣᠨ᠎ᠠ᠃ ᠳᠡᠭᠡᠷ᠎ᠡ ᠳᠣᠣᠷ᠎ᠠ᠂ ᠬᠠᠷ᠎ᠠ ᠰᠢᠷ᠎ᠠ ᠶ᠋ᠢᠨ ᠠᠯᠢᠨ ᠳ᠋ᠤᠨᠢ ᠴᠦ᠍ ᠵᠠᠢ ᠡᠵᠡᠯᠡᠬᠦ ᠤᠴᠢᠷ ᠠ᠋ᠴᠠ ᠡᠩ ᠦ᠋ᠨ ᠨᠢᠭᠡ ᠬᠠᠷᠠᠴᠤ ᠴᠠᠭᠠᠴᠢᠨ ᠢ᠋ ᠰᠢᠢᠳᠬᠡᠬᠦ ᠰᠢᠭ ᠬᠥᠩᠭᠡᠨ ᠬᠠᠭᠤᠮᠠᠭᠠᠢ ᠬᠥᠳᠡᠯᠵᠦ ᠦᠯᠦ ᠪᠣᠯᠤᠨ᠎ᠠ᠃ ᠡᠢᠮᠦ ᠡᠴᠡ ᠬᠢᠯᠭᠠᠰᠤᠨ ᠴᠢᠨᠡᠭᠡᠨ ᠰᠡᠪ ᠭᠠᠷᠭᠠᠪᠠᠯ ᠪᠠᠷᠠᠭᠤᠨ ᠬᠦᠩ ᠦ᠋ᠨ ᠬᠡᠰᠡᠭ ᠬᠥᠮᠦᠰ ᠦ᠋ᠨ ᠳᠤᠷ᠎ᠠ ᠦᠭᠡᠢᠴᠡᠯ ᠢ᠋ ᠬᠦᠷᠭᠡᠵᠦ ᠡᠰᠡᠷᠭᠦᠴᠡᠯ ᠳ᠋ᠦ᠍ ᠤᠴᠠᠷᠠᠬᠤ ᠪᠣᠯᠤᠨ᠎ᠠ᠃ ᠨᠢᠭᠡ ᠯᠡ ᠰᠢᠲᠠᠮ ᠢ᠋ᠶ᠋ᠠᠷ ᠲᠠᠷᠢᠬᠢ ᠶ᠋ᠢ ᠨᠢ ᠥᠰᠥᠷᠬᠡᠵᠦ ᠣᠷᠬᠢᠪᠠᠯ ᠠᠪᠤᠨ ᠵᠠᠭᠤᠷ᠎ᠠ ᠳ᠋ᠠᠭᠠᠨ ᠬᠣᠷᠣᠰᠤᠯ ᠬᠢᠯᠢᠩ ᠠᠯᠳᠠᠷᠠᠭᠠᠭᠰᠠᠨ ᠡᠷᠡᠮᠡᠬᠡᠢ ᠠᠵᠢᠯᠯᠠᠭ᠎ᠠ ᠪᠣᠯᠬᠤ ᠪᠣᠯᠪᠠᠴᠤ ᠠᠷᠤ ᠬᠣᠢᠨ᠎ᠠ ᠨᠢ ᠠᠷᠴᠢᠭᠳᠠᠰᠢ ᠦᠭᠡᠢ ᠯᠠᠢ ᠯᠠᠨᠴᠢᠭ ᠭᠠᠷᠴᠤ ᠪᠣᠯᠣᠰᠢ ᠦᠭᠡᠢ᠃ ᠪᠠᠷᠠᠭᠤᠨ ᠬᠦᠩ ᠦ᠋ᠨ ᠬᠢᠨᠢ ᠥᠩᠭᠡᠷᠡᠭᠰᠡᠨ ᠳ᠋ᠦ᠍ ᠨᠢᠭᠡ ᠨᠢᠭᠡᠨ ᠳ᠋ᠡᠭᠡᠨ ᠶᠠᠯᠢ ᠦᠭᠡᠢ ᠤᠴᠢᠷ ᠲᠤ᠌ ᠨᠠᠢᠷ ᠲᠠᠯᠪᠢᠬᠤ ᠦᠭᠡᠢ ᠦᠰ ᠬᠣᠨᠵᠢᠩ ᠪᠣᠳᠣᠵᠤ᠂ ᠬᠣᠷᠣ ᠠᠲᠠᠭᠠᠨ ᠳ᠋ᠠᠭᠠᠨ ᠪᠣᠭᠣᠭᠳᠠᠵᠤ᠂ ᠳᠣᠲᠣᠷ᠎ᠠ ᠵᠠᠭᠤᠷ᠎ᠠ ᠪᠠᠨ ᠮᠠᠭᠤᠳᠠᠯᠴᠠᠭᠠᠳ ᠥᠨᠥᠳᠥᠷ ᠪᠣᠯᠬᠤ ᠳ᠋ᠤ᠌ ᠲᠥᠷᠥ ᠵᠠᠰᠠᠭ ᠴᠤᠴᠠᠷᠠᠬᠤ ᠰᠢᠬᠠᠭᠰᠠᠨ ᠠᠮᠢᠳᠤ ᠲᠡᠦᠬᠡ ᠲᠡᠭᠦᠨ ᠳ᠋ᠦ᠍ ᠢᠮᠠᠭᠲᠠ ᠰᠡᠷᠡᠮᠵᠢ ᠶ᠋ᠢᠨ ᠳᠣᠬᠢᠶ᠎ᠠ ᠥᠭᠭᠦᠭᠰᠡᠭᠡᠷ ᠪᠠᠢᠭ᠎ᠠ ᠳ᠋ᠤ᠌᠂ ᠪᠠᠭ᠎ᠠ ᠬᠠᠲᠤᠨ ᠤ᠋ ᠳᠣᠲᠣᠷ᠎ᠠ《ᠠᠭᠤᠵᠢᠭᠤ ᠨᠠᠢᠷᠠᠮᠳᠠᠭᠤ ᠪᠣᠳᠣᠯᠭ᠎ᠠ ᠠᠪᠴᠤ ᠳᠣᠲᠣᠷ᠎ᠠ ᠵᠠᠭᠤᠷ᠎ᠠ ᠪᠠᠨ ᠡᠶ᠎ᠡ ᠡᠪᠲᠡᠢ ᠪᠡᠷ ᠬᠠᠷ᠎ᠠ ᠰᠢᠷ᠎ᠠ ᠴᠡᠷᠢᠭ ᠦ᠋ᠨ ᠡᠵᠡᠷᠬᠡᠭᠯᠡᠯ ᠢ᠋ ᠡᠰᠡᠷᠭᠦᠴᠡᠬᠦ ᠨᠢ ᠲᠡᠷᠢᠭᠦᠨ ᠴᠢᠬᠤᠯᠠ》 ᠭᠡᠳᠡᠭ ᠪᠣᠳᠣᠯ ᠭᠠᠵᠠᠷ ᠠᠪᠤᠭᠰᠠᠨ ᠪᠣᠯᠬᠣᠷ ᠡᠯᠳᠡᠩᠭᠡ ᠳ᠋ᠦ᠍ ᠠᠭᠤᠴᠢᠯᠠᠯ ᠦᠵᠡᠭᠦᠯᠵᠦ ᠪᠠᠢᠭ᠎ᠠ ᠨᠢ ᠡᠨᠡ᠃ ᠬᠥᠮᠦᠨ ᠦ᠌ ᠵᠢᠷᠦᠬᠡ ᠭᠡᠭᠴᠢ ᠮᠢᠬ᠎ᠠ ᠴᠢᠰᠤ ᠪᠠᠷ ᠪᠦᠷᠢᠯᠳᠦᠭᠰᠡᠨ ᠡᠴᠡ ᠪᠢᠰᠢ ᠬᠦᠷᠡᠯ ᠲᠡᠮᠦᠷ ᠢ᠋ᠶ᠋ᠡᠷ ᠴᠢᠳᠬᠤᠭᠰᠠᠨ ᠪᠢᠰᠢ᠂ ᠡᠶᠡᠷᠡᠭᠦᠨ ᠢ᠋ᠶ᠋ᠡᠷ ᠤᠶᠠᠷᠠᠭᠤᠯᠬᠤ ᠶ᠋ᠢ ᠪᠣᠳᠣᠵᠤ ᠲᠤᠯᠭᠠᠮᠳᠠᠭᠰᠠᠨ ᠦᠶ᠎ᠡ ᠳ᠋ᠦ᠍ ᠵᠢᠯᠣᠭᠣ ᠶ᠋ᠢ ᠤᠷᠲᠤ ᠲᠠᠯᠪᠢᠬᠤ ᠨᠢ ᠵᠥᠪ ᠭᠡᠵᠦ ᠪᠠᠭ᠎ᠠ ᠬᠠᠲᠤᠨ ᠡᠯᠳᠡᠩᠭᠡ ᠶ᠋ᠢ ᠬᠠᠷᠠᠭᠠᠳ᠄
一 ᠡᠯᠳᠡᠩᠭᠡ ᠭᠤᠸᠠᠢ ᠠ᠋! ᠲᠠ ᠢᠩᠭᠢᠵᠦ ᠴᠣᠴᠢᠮᠠᠭᠳᠠᠬᠤ ᠬᠡᠷᠡᠭ ᠦᠭᠡᠢ ᠠ᠋! ᠭᠡᠵᠦ ᠬᠡᠯᠡᠬᠦ ᠶ᠋ᠢ ᠰᠣᠨᠣᠰᠤᠭᠰᠠᠨ ᠡᠯᠳᠡᠩᠭᠡ ᠶ᠋ᠢᠨ ᠨᠢᠳᠦ ᠰᠡᠷᠭᠦᠵᠦ ᠤᠴᠢᠷ ᠶᠠᠭᠤ ᠪᠣᠯᠬᠤ ᠶ᠋ᠢ ᠤᠷᠢᠳᠴᠢᠯᠠᠨ ᠮᠡᠳᠡᠭᠰᠡᠨ ᠰᠢᠭ《ᠲᠤᠰᠢᠶᠠᠯ ᠢ᠋ ᠴᠢᠨᠢ ᠮᠤᠯᠲᠤᠯᠵᠤ᠂ ᠭᠡᠷ ᠲᠦ᠍ ᠴᠢᠨᠢ ᠬᠠᠷᠢᠭᠤᠯᠤᠨ᠎ᠠ》 ᠭᠡᠰᠡᠨ ᠦᠭᠡ ᠰᠣᠨᠣᠰᠪᠠᠯ ᠭᠣᠳ ᠪᠠᠶᠠᠷᠯᠠᠭᠠᠳ ᠭᠦᠶᠦᠨ᠎ᠡ ᠳᠡ ᠭᠡᠵᠦ ᠪᠣᠳᠣᠨ ᠰᠠᠨᠳᠤᠷᠴᠤ᠄
一 ᠵᠠ! ᠬᠠᠲᠤᠨ ᠲᠠ ᠵᠠᠬᠢᠶ᠎ᠠ ᠰᠤᠷᠭᠠᠯ ᠢ᠋ᠶ᠋ᠠᠨ ᠰᠣᠶᠣᠷᠬᠠᠭᠠᠴᠢ! ᠬᠢᠯᠭᠠᠰᠤᠨ ᠳᠡᠭᠡᠭᠦᠷ ᠭᠦᠶᠦᠬᠦ ᠡᠴᠡ ᠪᠤᠰᠤᠳ ᠢ᠋ ᠨᠢ ᠪᠡᠶᠡᠯᠡᠭᠦᠯᠵᠦ ᠪᠠᠢᠶ᠎ᠠ ᠭᠡᠯᠡ᠃
一 ᠥᠨᠥᠳᠥᠷ ᠪᠢ ᠲᠠᠨ ᠠ᠋ᠴᠠ ᠶᠠᠯ᠎ᠠ ᠠᠰᠠᠭᠤᠬᠤ ᠦᠭᠡᠢ ᠮᠥᠷᠲᠡᠭᠡᠨ ᠲᠤᠰᠠᠯᠠᠭᠴᠢ ᠲᠤᠰᠢᠶᠠᠯ ᠢ᠋ ᠴᠢᠨᠢ ᠦᠯᠡᠳᠡᠭᠡᠵᠦ᠂ ᠠᠪᠢᠶᠠᠰ ᠴᠢᠳᠠᠪᠤᠷᠢ ᠶ᠋ᠢ ᠴᠢᠨᠢ ᠪᠠᠳᠠᠷᠠᠭᠤᠯᠤᠨ᠎ᠠ ᠰᠢᠦ! ᠭᠡᠰᠡᠨ ᠳ᠋ᠦ᠍ ᠡᠯᠳᠡᠩᠭᠡ ᠶ᠋ᠢᠨ ᠳᠣᠲᠣᠷ᠎ᠠ ᠣᠨᠳᠣᠣ ᠪᠣᠳᠣᠯ ᠬᠠᠷᠪᠤᠨ ᠣᠷᠣᠵᠤ ᠴᠢᠬᠢ ᠪᠡᠨ ᠢᠲᠡᠭᠡᠵᠦ ᠶᠠᠳᠠᠨ《ᠡᠨᠡ ᠴᠦ᠍ ᠨᠠᠮᠠᠶ᠋ᠢ ᠠᠯᠠᠯ᠎ᠠ ᠳᠠ᠂ ᠡᠨᠡ ᠥᠯᠥᠭᠴᠢᠨ ᠡᠮ᠎ᠡ ᠶ᠋ᠢᠨ ᠠᠯᠪᠠ ᠳᠣᠣᠷ᠎ᠠ ᠡᠢᠰᠢ ᠪᠡᠨ ᠭᠡᠵᠦ ᠡᠪᠯᠡᠵᠦ ᠶᠠᠪᠤᠬᠤ ᠊ᠤᠤ? ᠲᠠᠢᠰᠢ ᠪᠠᠨ ᠭᠡᠵᠦ ᠲᠡᠷᠰᠯᠡᠵᠦ ᠶᠠᠪᠤᠬᠤ ᠊ᠤᠤ? ᠯᠠᠮᠠ ᠭᠤᠷᠪᠠᠨ ᠡᠷᠳᠡᠨᠢ ᠮᠢᠨᠢ ᠠ᠋!》 ᠭᠡᠵᠦ ᠭᠠᠢᠬᠠᠰᠢ ᠠᠯᠳᠠᠬᠤ ᠳ᠋ᠠᠭᠠᠨ《ᠡᠨᠡ ᠡᠮ᠎ᠡ ᠶᠠᠮᠠᠷ ᠪᠠᠰᠢᠷ ᠭᠠᠷᠭᠠᠵᠤ ᠪᠠᠢᠭ᠎ᠠ ᠶᠤᠮ ᠪᠣᠯ? ᠡᠨᠡ ᠬᠡᠳᠦᠨ ᠵᠢᠯ ᠸᠠᠩ ᠰᠣᠬᠣᠷ ᠤ᠋ᠨ ᠳᠡᠷᠭᠡᠳᠡ ᠰᠠᠢᠨ ᠶᠠᠭᠤᠮ᠎ᠠ ᠰᠤᠷᠤᠨ᠎ᠠ ᠴᠤ᠌ ᠭᠡᠵᠦ ᠯᠠᠪ ᠯᠠ ᠪᠠᠢᠬᠤ ᠦᠭᠡᠢ᠃ ᠣᠳᠣ ᠡᠪᠦᠭᠡᠨ ᠮᠢᠨᠦ ᠲᠣᠯᠣᠭᠠᠢ ᠶ᠋ᠢ ᠢᠯᠢᠵᠦ ᠪᠠᠢᠭᠠᠳ ᠲᠠᠷᠢᠬᠢ ᠶ᠋ᠢ ᠨᠢ ᠰᠣᠷᠣᠬᠤ ᠭᠡᠵᠦ ᠪᠠᠢᠨ᠎ᠠ ᠊ᠤᠤ⁈》 ᠭᠡᠵᠦ ᠪᠣᠳᠣᠵᠤ ᠠᠮᠵᠢᠭᠠᠳ᠄
一 ᠪᠠᠢᠶ᠎ᠠ ᠳᠠ! ᠪᠠᠭ᠎ᠠ ᠬᠠᠲᠤᠨ ᠮᠢᠨᠢ᠂ ᠲᠠᠨ ᠳ᠋ᠤ᠌ ᠭᠢᠯᠠᠢᠯ᠎ᠠ! ᠲᠠ ᠮᠢᠨᠦ ᠣᠰᠣᠯ ᠶᠠᠯ᠎ᠠ ᠶ᠋ᠢ ᠬᠥᠭᠡᠭᠡᠴᠡᠯᠳᠦᠬᠦ ᠦᠭᠡᠢ ᠡᠢᠨ ᠬᠦ᠌ ᠠᠭᠤᠴᠢᠯᠠᠯ ᠬᠦᠷᠲᠡᠭᠡᠭᠰᠡᠨ ᠨᠢ ᠨᠠᠳᠠ ᠳ᠋ᠠᠭᠠᠨ ᠬᠡᠮᠵᠢᠶᠡᠯᠡᠰᠢ ᠦᠭᠡᠢ ᠶᠡᠬᠡ ᠠᠵᠠ᠃ ᠥᠭᠢᠷ᠎ᠡ ᠲᠣᠯᠣᠭᠠᠢ ᠪᠢ ᠶᠠᠮᠤᠨ ᠤ᠋ ᠶᠡᠬᠡ ᠲᠤᠰᠢᠶᠠᠯ ᠠ᠋ᠴᠠ ᠵᠠᠢᠯᠠᠵᠤ ᠭᠡᠷ ᠲᠡᠭᠡᠨ ᠬᠠᠷᠢᠵᠤ ᠪᠡᠶ᠎ᠡ ᠠᠮᠠᠷᠠᠶ᠎ᠠ ᠳᠠ! ᠴᠠᠰᠤ ᠠᠭᠤᠯᠠ ᠶ᠋ᠢ ᠳᠠᠷᠤᠵᠤ᠂ ᠨᠠᠰᠤ ᠪᠡᠶ᠎ᠡ ᠶ᠋ᠢ ᠳᠠᠷᠤᠨ᠎ᠠ ᠭᠡᠭᠴᠢ ᠬᠡᠴᠡᠭᠦᠦ ᠪᠠᠢᠨ᠎ᠠ! ᠭᠡᠵᠦ ᠡᠯᠳᠡᠩᠭᠡ ᠭᠤᠶᠤᠴᠢᠯᠠᠭᠰᠠᠨ ᠳ᠋ᠤ᠌ ᠪᠠᠭ᠎ᠠ ᠬᠠᠲᠤᠨ᠄
一 ᠵᠠ᠂ ᠪᠠᠢᠵᠠ! ᠡᠭᠦᠨ ᠢ᠋ ᠴᠢᠨᠢ ᠬᠠᠷᠢᠨ ᠠᠶᠠᠷ ᠪᠣᠳᠣᠯᠬᠢᠯᠠᠵᠤ ᠦᠵᠡᠶ᠎ᠡ! ᠭᠡᠳ ᠠᠮᠤᠷᠰᠠᠨᠠᠭ᠎ᠠ ᠬᠦᠩ ᠨᠣᠶᠠᠨ ᠪᠠ ᠵᠣᠳᠪᠠ ᠮᠡᠢᠷᠡᠨ ᠦ᠌《ᠲᠤᠰᠠᠯᠠᠭᠴᠢ》 ᠶ᠋ᠢᠨ ᠵᠢᠩᠰᠡ ᠶ᠋ᠢ ᠮᠤᠯᠲᠤᠯᠵᠤ ᠭᠡᠷ ᠭᠡᠷ ᠲᠦ᠋ᠨᠢ ᠬᠠᠷᠢᠭᠤᠯᠪᠠ᠃
ᠨᠠᠮᠤᠷ ᠰᠢᠪᠲᠤᠷᠠᠵᠤ ᠡᠪᠦᠯ ᠪᠣᠯᠬᠤ ᠶ᠋ᠢᠨ ᠦᠶᠡᠰ ᠡᠯᠳᠡᠩᠭᠡ ᠲᠤᠰᠠᠯᠠᠭᠴᠢ ᠪᠡᠶ᠎ᠡ ᠪᠠᠷᠤᠭᠲᠠᠢ ᠪᠠᠢᠨ᠎ᠠ ᠭᠡᠳᠡᠭ ᠢ᠋ᠶ᠋ᠡᠷ ᠰᠢᠯᠲᠠᠵᠤ ᠪᠠᠷᠠᠭᠤᠨ ᠬᠦᠩ ᠦ᠋ᠨ ᠲᠤᠰᠠᠯᠠᠭᠴᠢ ᠶ᠋ᠢᠨ ᠵᠢᠩᠰᠡ ᠪᠡᠨ ᠠᠮᠠᠷᠠᠭᠠᠵᠤ ᠭᠡᠷ ᠲᠡᠭᠡᠨ ᠰᠠᠭᠤᠪᠠ᠃
— — — —
① ᠵᠠᠭᠠᠨ ᠤ᠋ ᠬᠡᠯᠪᠡᠷᠢ ᠲᠡᠢ ᠲᠣᠮᠣ ᠰᠢᠷᠡᠭᠡ᠃ ᠲᠤᠯᠭᠠᠭᠤᠷ ᠪᠠᠭ᠎ᠠ ᠰᠢᠭ᠋ ᠵᠠᠭᠠᠨ ᠤ᠋ ᠳᠥᠷᠪᠡᠨ ᠬᠥᠯ ᠲᠡᠢ᠂ ᠬᠣᠶᠠᠷ ᠲᠠᠯ᠎ᠠ ᠳ᠋ᠠᠭᠠᠨ ᠵᠠᠭᠠᠨ ᠤ᠋ ᠬᠣᠶᠠᠷ ᠭᠣᠬᠢᠭᠠᠷ ᠬᠠᠮᠠᠷ ᠨᠢ ᠭᠠᠵᠠᠷ ᠢ᠋ ᠨᠢ ᠲᠤᠯᠵᠤ᠂ ᠬᠠᠷᠠᠬᠤ ᠳ᠋ᠤ᠌ ᠬᠣᠶᠠᠷ ᠵᠠᠭᠠᠨ ᠵᠥᠷᠢᠵᠦ ᠵᠣᠭᠰᠣᠭᠰᠠᠨ ᠶᠤᠮ ᠰᠢᠭ᠋ ᠪᠠᠢᠳᠠᠭ᠃
ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ
