ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠳᠣᠯᠣᠭ᠎ᠠ Үүрийн туяа II – Б ᠂ Ренчин Хоёрдугаар дэвтэр "Гал усны гашуун зовлон"-17 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠳᠣᠯᠣᠭ᠎ᠠ Үүрийн туяа II – Б ᠂ Ренчин Хоёрдугаар дэвтэр "Гал усны гашуун зовлон"-17

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠳᠣᠯᠣᠭ᠎ᠠ Үүрийн туяа II – Б ᠂ Ренчин Хоёрдугаар дэвтэр "Гал усны гашуун зовлон"-17

ᠠᠩᠭᠢᠯᠠᠯ:ᠲᠤᠭᠤᠵᠢ ᠷᠣᠮᠠᠨ
2025-02-06

292

ᠠᠷᠪᠠᠨ ᠳᠣᠯᠣᠭ᠎ᠠ᠂ ᠰᠢᠷᠴᠢᠨ ᠭᠡᠷᠯᠡᠪᠡ


                          ᠬᠥᠮᠦᠨ ᠦ᠌ ᠡᠯᠢᠭᠡ  — ᠮᠠᠯ᠃     
                                        ᠡᠷᠲᠡᠨ ᠦ᠌ ᠦᠭᠡ   

       ᠬᠡᠳᠦ ᠬᠣᠨᠣᠭᠰᠠᠨ ᠤ᠋ ᠬᠣᠢᠨ᠎ᠠ ᠨᠢᠭᠡᠨ ᠡᠳᠦᠷ ᠰᠢᠷᠴᠢᠨ᠂ ᠡᠷᠭᠦᠭᠰᠡᠨ ᠠᠪᠤ ᠳ᠋ᠠᠭᠠᠨ ᠴᠡᠷᠡᠨ ᠦ᠌ ᠲᠤᠬᠠᠢ ᠬᠡᠯᠡᠵᠡᠢ᠃ ᠵᠠᠮᠪᠠ᠂ ᠤᠷᠢᠳᠠ ᠶ᠋ᠢᠨ(ᠤᠷᠢᠳ ᠤ᠋ᠨ) ᠠᠳᠠᠯᠢ ᠵᠠᠩᠲᠠᠢ ᠠ᠋ᠴᠠ ᠡᠮᠢᠶᠡᠳᠡᠭ ᠲᠤᠯᠠ᠂ ᠰᠢᠷᠴᠢᠨ ᠭᠡᠷᠯᠡᠬᠦ ᠰᠠᠨᠠᠭ᠎ᠠ ᠲᠠᠢ ᠶᠤᠮ ᠪᠠᠢᠨ᠎ᠠ ᠭᠡᠵᠦ ᠡᠮᠡᠭᠡᠨ ᠳ᠋ᠡᠭᠡᠨ ᠶᠠᠷᠢᠪᠠ᠃ ᠵᠠᠩᠲᠠᠢ ᠲᠡᠷᠡ ᠦᠭᠡ  ᠶ᠋ᠢ ᠰᠣᠨᠣᠰᠤᠮᠠᠭᠴᠠ ᠰᠢᠷᠴᠢᠨ ᠡᠴᠡ ᠴᠡᠷᠡᠨ ᠦ᠌ ᠵᠠᠩ ᠪᠠᠢᠳᠠᠯ᠂ ᠠᠵᠢᠯ ᠶᠠᠪᠤᠳᠠᠯ᠂ ᠤᠭ ᠭᠠᠷᠤᠯ ᠢ᠋ ᠨᠢᠭᠡ ᠳ᠋ᠦ᠍ ᠨᠢᠭᠡ ᠦᠭᠡᠢ ᠠᠰᠠᠭᠤᠵᠤ ᠮᠡᠳᠡᠭᠡᠳ ᠬᠥᠭᠰᠢᠨ ᠳᠤᠮ᠎ᠠ ᠵᠢᠯ ᠢᠷᠡᠬᠦ ᠳᠤᠰᠤᠮ᠎ᠠ(ᠲᠣᠰᠤᠮ ᠢ᠋ᠶ᠋ᠠᠨ) ᠪᠣᠯᠢᠵᠤ᠂ ᠴᠤᠤ ᠴᠢᠮᠠᠢ ᠭᠡᠵᠦ ᠬᠣᠨᠢ ᠪᠠᠨ ᠬᠠᠷᠢᠭᠤᠯᠳᠠᠭ ᠲᠤᠯᠠ᠂ ᠵᠠᠯᠠᠭᠤ ᠨᠣᠮᠣᠬᠠᠨ ᠵᠠᠷᠤᠴᠠ ᠬᠡᠦᠬᠡᠨ ᠲᠡᠢ ᠪᠣᠯᠬᠤ ᠳ᠋ᠤ᠌ ᠳᠣᠲᠣᠷ᠎ᠠ ᠪᠠᠨ ᠨᠡᠯᠢᠶᠡᠳ ᠳᠤᠷᠠᠲᠠᠢ ᠪᠠᠢᠵᠠᠢ᠃  
       ᠭᠡᠷᠭᠡᠢ ᠶ᠋ᠢᠨ ᠲᠡᠢᠨᠬᠦ(ᠲᠡᠢᠨ ᠬᠦ᠌) ᠵᠥᠪᠰᠢᠶᠡᠷᠡᠬᠦ ᠪᠠᠢᠳᠠᠯ ᠲᠠᠢ ᠳ᠋ᠤ᠌ ᠵᠠᠮᠪᠠ ᠵᠢᠷᠦᠬᠡ ᠣᠷᠣᠵᠤ ᠪᠠᠶᠠᠷᠯᠠᠭᠠᠳ᠂ ᠵᠢᠷᠤᠬᠠᠢᠴᠢ ᠯᠠᠮᠠ ᠳ᠋ᠤ᠌ ᠣᠴᠢᠵᠤ᠂ ᠡᠳᠦᠷ ᠦᠵᠡᠭᠦᠯᠵᠦ ᠲᠣᠭᠲᠠᠪᠠ᠃ ᠲᠡᠭᠡᠭᠡᠳ ᠨᠢᠭᠡ ᠶᠡᠬᠡ ᠨᠠᠢᠷ ᠬᠤᠷᠢᠮ ᠬᠢᠵᠦ ᠪᠡᠷᠢ ᠪᠠᠭᠤᠯᠭᠠᠬᠤ ᠶᠣᠰᠣᠯᠠᠯ ᠬᠢᠵᠦ ᠰᠦᠷ ᠪᠠᠳᠠᠷᠠᠭᠤᠯᠤᠭᠰᠠᠨ ᠦᠭᠡᠢ᠂ ᠭᠠᠭᠴᠠᠬᠦ (ᠭᠠᠭᠴᠠ ᠬᠦ᠌) ᠵᠠᠯᠠᠵᠤ ᠢᠷᠡᠭᠰᠡᠨ ᠯᠠᠮᠠ ᠨᠢᠭᠡ ᠶᠠᠭᠤᠮ᠎ᠠ ᠤᠩᠰᠢᠬᠤᠢᠴᠠ ᠪᠣᠯᠵᠤ᠂ ᠪᠡᠷᠢ ᠬᠡᠦᠬᠡᠨ᠂ ᠬᠠᠳᠠᠮ ᠡᠴᠢᠭᠡ ᠡᠬᠡ ᠭᠠᠯ ᠭᠤᠷᠪᠠ ᠳ᠋ᠤ᠌ ᠮᠥᠷᠭᠥᠬᠦ ᠲᠡᠳᠦᠢᠬᠡᠨ ᠢ᠋ᠶ᠋ᠡᠷ ᠶᠣᠰᠣᠯᠠᠯ ᠢ᠋ ᠭᠦᠢᠴᠡᠳᠬᠡᠪᠡ᠃  
       ᠵᠠᠮᠪᠠ ᠵᠠᠩᠲᠠᠢ ᠬᠣᠶᠠᠷ᠂ ᠰᠢᠷᠴᠢᠨ ᠢ᠋ ᠭᠤᠷᠪᠠᠳᠤᠭᠠᠷ ᠵᠡᠷᠭᠡ ᠶ᠋ᠢᠨ ᠲᠦᠰᠢᠮᠡᠯ ᠦ᠋ᠨ ᠵᠢᠩᠰᠡ ᠲᠡᠢ ᠪᠣᠯᠵᠤ ᠢᠷᠡᠭᠡᠳ᠂ ᠬᠡᠷᠪᠡ ᠠᠯᠪᠠ ᠬᠠᠭᠠᠬᠤ ᠶᠤᠮ ᠪᠣᠯ ᠠᠯᠲᠠᠨ ᠬᠠᠰ ᠬᠠᠳᠬᠤᠮᠠᠯ ᠪᠦᠰᠡ(ᠫᠦᠰᠡ) ᠬᠡᠷᠡᠭᠯᠡᠬᠦ ᠡᠷᠬᠡ ᠲᠡᠢ ᠪᠣᠯᠤᠭᠰᠠᠨ ᠳ᠋ᠤᠨᠢ ( ᠳ᠋ᠤ᠌ ᠨᠢ) ᠬᠠᠪᠠᠷᠬᠠᠵᠤ(ᠬᠠᠪᠤᠷᠬᠠᠵᠤ)᠂ ᠬᠦᠦ ᠪᠡᠷᠢ ᠬᠣᠶᠠᠷ ᠲᠠᠭᠠᠨ ( ᠲᠤ ᠪᠠᠨ)ᠪᠠᠭ᠎ᠠ ᠳᠥᠷᠪᠡᠨ ᠬᠠᠨᠠᠲᠠᠢ ᠬᠠᠭᠤᠴᠢᠨ ᠭᠡᠷ ᠪᠠᠷᠢᠵᠤ ᠥᠭᠪᠡ᠃ ᠰᠤᠨᠤᠮ ᠵᠠᠩᠭᠢ ᠶ᠋ᠢᠨ ᠠᠪᠠᠭᠠᠢ᠂ ᠴᠡᠷᠡᠨ ᠳ᠋ᠦ᠍ ᠣᠯᠠᠨ ᠵᠢᠯ ᠵᠠᠷᠤᠭᠰᠠᠨ ᠨᠠᠢᠬᠢ(  ᠤ ᠬᠢ) ᠭᠡᠵᠦ ᠨᠢᠭᠡ ᠮᠣᠷᠢ ᠢᠨᠵᠢ ᠳᠠᠭᠠᠭᠤᠯᠵᠠᠢ᠃ ᠲᠡᠭᠦᠨ ᠳ᠋ᠦ᠍ᠨᠢ ( ᠳ᠋ᠦ᠍ ᠨᠢ) ᠵᠠᠮᠪᠠ ᠨᠡᠷᠡᠯᠡᠬᠡᠵᠦ(ᠨᠡᠷᠡᠯᠬᠡᠵᠦ)᠂ ᠲᠡᠷᠡ ᠲᠤᠬᠠᠢ ᠪᠠᠬᠠᠨ ᠠᠮᠠ ᠬᠠᠯᠠᠭᠰᠠᠨ ᠲᠤᠯᠠ᠂ ᠬᠣᠷᠢᠨ ᠳᠣᠯᠣᠭᠠᠨ ᠪᠤᠭ ᠮᠠᠯ ᠬᠦᠦ ᠳ᠋ᠡᠭᠡᠨ( ᠳ᠋ᠦ᠍ ᠪᠡᠨ) ᠥᠮᠴᠢ ᠭᠠᠷᠭᠠᠵᠤ ᠥᠭᠪᠡ(ᠥᠭᠭᠦᠨ᠎ᠡ) ᠭᠡᠵᠦ ᠠᠮᠠᠯᠠᠪᠠ᠃ ᠵᠠᠩᠲᠠᠢ ᠪᠠᠰᠠ ᠬᠠᠪᠴᠢᠭᠳᠠᠵᠤ ᠠᠷᠭ᠎ᠠ ᠪᠤᠶᠤ ᠲᠤᠭᠤᠯ ᠲᠠᠢ ᠦᠨᠢᠶ᠎ᠡ ᠠᠮᠠᠯᠠᠭᠠᠳ᠂ ᠬᠣᠢᠲᠤ ᠥᠷᠯᠥᠭᠡ ᠨᠢ ᠵᠠᠩᠲᠠᠢ ᠬᠣᠨᠢ ᠪᠡᠯᠴᠢᠭᠡᠬᠦ  ᠳ᠋ᠡᠭᠡᠨ ( ᠳ᠋ᠦ᠍ ᠪᠡᠨ)᠂ ᠬᠦᠦ ᠪᠡᠷᠢ ᠬᠣᠶᠠᠷ ᠲᠠᠭᠠᠨ ( ᠲᠤ ᠪᠠᠨ) ᠥᠮᠴᠢ ᠮᠠᠯ ᠢ᠋ ᠨᠢ ᠵᠢᠭᠠᠵᠤ ᠥᠭᠬᠦ  ᠳ᠋ᠡᠭᠡᠨ( ᠳ᠋ᠦ᠍ ᠪᠡᠨ)᠂ ᠪᠢᠷᠠᠭᠤ ᠲᠠᠢ᠂ ᠭᠤᠷᠪᠠᠨ ᠬᠥᠬᠥ ᠲᠡᠢ ᠬᠥᠭᠰᠢᠨ ᠰᠤᠪᠠᠢ ᠦᠨᠢᠶ᠎ᠡ᠂ ᠲᠠᠪᠤᠨ ᠬᠤᠷᠠᠭ᠎ᠠ ᠲᠠᠢ ᠬᠣᠨᠢ ᠢᠮᠠᠭ᠎ᠠ ᠰᠢᠭᠠᠷᠤᠯᠠᠨ᠂ 
       —  ᠡᠨᠡ ᠲᠠᠨᠠᠢᠬᠢ(ᠲᠠᠨ ᠤ᠋ ᠬᠢ)᠂ ᠡᠨᠡ᠂ ᠡᠨᠡ ᠭᠡᠵᠦ ᠬᠣᠲᠠᠯᠠᠭᠰᠠᠨ ᠬᠣᠨᠢᠨ ᠳᠣᠲᠣᠷ᠎ᠠ ᠠ᠋ᠴᠠ ᠠᠯᠢ ᠮᠠᠭᠤ ᠶ᠋ᠢ ᠵᠢᠭᠠᠵᠤ ᠥᠭᠬᠦ ᠳ᠋ᠦ᠍᠂ ᠴᠡᠷᠡᠨ ᠦ᠌ ᠨᠢᠭᠤᠷ ᠴᠢᠬᠢ ᠬᠠᠯᠠᠭᠤᠨ ᠪᠤᠴᠠᠯᠵᠤ᠂ ᠰᠢᠷᠴᠢᠨ ᠦ᠌ ᠥᠭᠡᠳᠡ ᠡᠴᠡ ᠬᠠᠷᠠᠪᠠᠯ ᠪᠠᠰᠠ ᠯᠠ ᠢᠴᠡᠩᠭᠦᠷᠡᠨ(ᠢᠴᠢᠩᠭᠦᠷᠡᠨ) ᠳᠣᠭᠣᠭᠰᠢ ᠬᠠᠷᠠᠵᠠᠢ᠃  
       ᠵᠠᠩᠲᠠᠢ᠂ ᠬᠦᠦ ᠪᠡᠷᠢ ᠬᠣᠶᠠᠷ ᠲᠠᠭᠠᠨ ᠥᠮᠴᠢ ᠲᠠᠰᠤᠯᠵᠤ᠂ ᠮᠠᠯ ᠢ᠋ ᠨᠢ ᠵᠢᠰᠦᠮ ᠵᠢᠰᠦᠮ ᠢ᠋ᠶ᠋ᠡᠷ ᠵᠢᠭᠠᠵᠤ ᠭᠦᠢᠴᠡᠭᠡᠳ ᠰᠤᠷᠭᠠᠨ ᠥᠭᠦᠯᠡᠷᠦᠨ᠄ 
       — ᠭᠠᠭᠴᠠᠭᠠᠷ ᠭᠠᠵᠠᠷ ᠳᠦᠭᠦᠷᠳᠡᠭ ᠭᠡᠳᠡᠭ᠃ ᠲᠠ ᠨᠠᠷ ᠬᠢᠴᠢᠶᠡᠪᠡᠯ ᠠᠵᠠ ᠴᠢᠨᠢ ᠬᠢᠴᠢᠶᠡᠵᠦ᠂ ᠮᠠᠯ ᠴᠢᠨᠢ ᠥᠰᠴᠦ ᠦᠷᠡᠵᠢᠨ᠎ᠡ ᠳᠡ ᠭᠡᠬᠦ ᠳ᠋ᠦ᠍ᠨᠢ᠂ 
       — ᠲᠠᠨ ᠤ᠋ ᠲᠡᠷᠡ ᠢᠷᠦᠭᠡᠯ ᠢ᠋ᠶ᠋ᠡᠷ ᠪᠣᠯᠲᠤᠭᠠᠢ ᠭᠡᠵᠦ ᠴᠡᠷᠡᠨ ᠬᠣᠨᠢ ᠪᠠᠨ ᠪᠡᠯᠴᠢᠭᠡᠪᠡ᠃ ᠲᠡᠭᠡᠭᠡᠳ ᠭᠡᠷ ᠡᠴᠡ ᠬᠣᠯᠠᠳᠠᠮᠠᠭᠴᠠ ᠴᠡᠷᠡᠨ ᠴᠣᠷᠭᠢᠲᠠᠯ᠎ᠠ(ᠴᠤᠷᠬᠢᠷᠠᠲᠠᠯ᠎ᠠ) ᠤᠬᠢᠯᠠᠪᠠ᠃ ᠮᠠᠯ ᠠ᠋ᠴᠠ ᠪᠠᠨ ᠠᠯᠢ ᠮᠠᠭᠤ ᠶ᠋ᠢ ᠨᠢ ᠲᠡᠭᠦᠵᠦ ᠥᠭᠭᠦᠭᠰᠡᠨ ᠵᠠᠩᠲᠠᠢ ᠶ᠋ᠢᠨ ᠬᠠᠷᠠᠮᠴᠢ ᠬᠢᠷᠢ ᠶ᠋ᠢ ᠦᠵᠡᠭᠡᠳ ᠢᠴᠢᠵᠦ ᠵᠣᠪᠠᠭᠰᠠᠨ ᠰᠢᠷᠴᠢᠨ᠂ ᠬᠣᠢᠲᠤ ᠡᠬᠡ ᠶ᠋ᠢᠨ ᠪᠡᠯᠡᠨ ᠵᠠᠷᠤᠴᠠ ᠲᠠᠢ ᠪᠣᠯᠬᠤ ᠭᠡᠵᠦ ᠥᠮᠴᠢ ᠲᠠᠰᠤᠯᠵᠤ ᠮᠠᠯ ᠥᠭᠬᠦ  ᠳ᠋ᠦ᠍ ᠪᠡᠨ ᠴᠦ᠍ ᠢᠷᠡᠬᠦ ᠵᠢᠯ ᠡᠴᠡ ᠨᠠᠰᠢ ᠰᠢᠮ᠎ᠡ ᠲᠥᠯ ᠭᠣᠷᠢᠳᠠᠯᠲᠠ ᠦᠭᠡᠢ ᠠᠯᠢ ᠮᠠᠭᠤ ᠪᠠᠨ ᠵᠣᠷᠢᠭᠤᠳᠠ ᠲᠡᠭᠦᠵᠦ ᠥᠭᠭᠦᠭᠰᠡᠨ ᠢ᠋ ᠮᠡᠳᠡᠭᠡᠳ᠂ ᠴᠡᠷᠡᠨ ᠦ᠌ ᠡᠮᠦᠨ᠎ᠡ ᠢᠴᠢᠭᠦᠷᠡᠨ᠂ ᠵᠠᠩᠭᠢ ᠶ᠋ᠢᠨ ᠳ᠋ᠦ᠍ ᠪᠠᠢᠬᠤ ᠳ᠋ᠠᠭᠠᠨ ᠡᠳᠦᠢ ᠲᠡᠳᠦᠢ ᠵᠢᠯ ᠵᠠᠷᠤᠭᠳᠠᠵᠤ ᠪᠠᠢᠭᠰᠠᠨ ᠲᠡᠷᠡ ᠬᠥᠭᠡᠷᠦᠬᠦᠢ ᠶ᠋ᠢ ᠡᠷᠭᠦᠭᠰᠡᠨ ᠡᠴᠢᠭᠡ ᠶ᠋ᠢᠨ ᠳ᠋ᠡᠭᠡᠨ ᠠᠪᠴᠢᠷᠠᠭᠠᠳ᠂ ᠪᠠᠰᠠ ᠯᠠ ᠬᠥᠮᠦᠨ ᠦ᠌ ᠵᠠᠷᠤᠴᠠ ᠪᠣᠯᠭᠠᠬᠤ ᠳ᠋ᠤ᠌ ᠬᠦᠷᠦᠭᠰᠡᠨ ᠳ᠋ᠡᠭᠡᠨ ᠭᠤᠳᠤᠷᠴᠤ(ᠭᠤᠲᠤᠷᠠᠵᠤ)᠂ ᠠᠷᠭ᠎ᠠ ᠪᠤᠶᠤ ᠴᠡᠷᠡᠨ ᠦ᠌ ᠰᠡᠳᠬᠢᠯ ᠢ᠋ ᠵᠠᠰᠠᠵᠤ ᠥᠭᠦᠯᠡᠷᠦᠨ᠂ 
       — ᠪᠦᠦ ᠤᠬᠢᠯᠠ᠂ ᠬᠣᠩᠭᠣᠷ ᠮᠢᠨᠢ᠃ ᠪᠡᠯᠡᠭ ᠦ᠋ᠨ ᠮᠣᠷᠢᠨ ᠤ᠋ ᠰᠢᠲᠦ ᠲᠠᠲᠠᠳᠠᠭ ᠦᠭᠡᠢ ᠭᠡᠳᠡᠭ ᠪᠢᠰᠢ ᠪᠢᠯᠢᠤ(ᠪᠢᠯᠡ ᠤᠤ)? ᠪᠢᠳᠡ ᠮᠠᠯ ᠢ᠋ᠶ᠋ᠠᠨ ᠠᠷᠠᠴᠢᠯᠠᠬᠤ ᠶ᠋ᠢᠨ ᠰᠠᠢᠨ ᠢ᠋ᠶ᠋ᠠᠷ ᠠᠷᠠᠴᠢᠯᠠᠵᠤ᠂ ᠠᠢᠯ ᠤ᠋ᠨ ᠰᠠᠢᠨ ᠮᠠᠯ ᠠ᠋ᠴᠠ ᠨᠢᠭᠡ ᠴᠦ᠍ ᠳᠤᠲᠠᠬᠤ ᠦᠭᠡᠢ ᠪᠣᠯᠭᠠᠵᠤ ᠦᠵᠡᠨ᠎ᠡ᠃ ᠪᠢ ᠪᠠᠰᠠ ᠬᠦᠷᠦᠭᠡ ᠬᠢᠵᠦ᠂ ᠵᠢᠯ ᠦ᠋ᠨ ᠳᠥᠷᠪᠡᠨ ᠤᠯᠠᠷᠢᠯ ᠳ᠋ᠤ᠌ ᠠᠩ ᠤ᠋ᠨ ᠮᠢᠬ᠎ᠠ ᠪᠠᠷ ᠲᠠᠰᠤᠯᠳᠠᠭᠤᠯᠬᠤ ᠦᠭᠡᠢ᠂ ᠠᠷᠪᠠ ᠲᠠᠪᠤᠨ ᠮᠠᠯ ᠢ᠋ᠶ᠋ᠠᠨ ᠥᠰᠬᠡᠨ᠎ᠡ᠃ ᠪᠢ ᠨᠢᠭᠡ ᠣᠯᠠᠨ ᠬᠣᠨᠢ ᠲᠠᠢ ᠪᠠᠶᠠᠨ ᠠᠬ᠎ᠠ ᠲᠠᠢ ᠪᠢᠯᠡ᠃ ᠮᠠᠷᠭᠠᠰᠢ ᠠᠬ᠎ᠠ ᠳ᠋ᠠᠭᠠᠨ ᠣᠴᠢᠵᠤ ᠪᠠᠰᠠ ᠥᠮᠴᠢ ᠬᠤᠪᠢ ᠪᠠᠨ ᠲᠠᠰᠤᠯᠵᠤ ᠠᠪᠤᠨ᠎ᠠ ᠭᠡᠪᠡ᠃ 
       ᠬᠣᠢᠲᠤ ᠡᠳᠦᠷ ᠲᠣᠷᠭᠠᠨ ᠴᠡᠷᠢᠭ ᠡᠴᠡ ᠬᠠᠯᠠᠭᠳᠠᠬᠤ ᠳ᠋ᠠᠭᠠᠨ ᠠᠪᠤᠭᠰᠠᠨ ᠬᠥᠬᠡ ᠲᠣᠷᠭᠠᠨ ᠳᠡᠪᠡᠯ᠂ ᠵᠢᠩᠰᠡ ᠤᠲᠤᠭ᠎ᠠ ᠲᠠᠢ ᠮᠠᠯᠠᠭᠠᠢ ᠪᠠᠨ ᠡᠮᠦᠰᠴᠦ᠂ ᠰᠤᠮᠤ ᠶ᠋ᠢᠨ ᠲᠠᠢᠽᠢ᠂ ᠮᠠᠦ᠋ᠽᠧᠷ ᠢ᠋ᠶ᠋ᠡᠨ ᠵᠡᠭᠦᠭᠡᠳ᠂ ᠴᠡᠷᠡᠨ ᠦ᠌ ᠢᠨᠵᠢ ᠮᠣᠷᠢ ᠤᠨᠤᠵᠤ ᠪᠠᠶᠠᠨ ᠠᠬ᠎ᠠ ᠶ᠋ᠢᠨ  ᠳ᠋ᠦ᠍ ᠪᠡᠨ ᠰᠦᠷ ᠪᠠᠳᠠᠷᠠᠭᠤᠯᠠᠩᠬᠠᠨ ᠣᠴᠢᠪᠠ᠃ 
       ᠠᠷᠢᠬᠢᠨ ᠳ᠋ᠤ᠌ ᠳᠡᠪᠲᠦᠵᠦ᠂ ᠶᠡᠬᠡ ᠯᠡ ᠥᠲᠡᠯᠦᠭᠰᠡᠨ ᠠᠬ᠎ᠠ ᠨᠢ ᠰᠢᠷᠴᠢᠨ ᠢ᠋ ᠬᠦᠢᠲᠡᠨ ᠢ᠋ᠶ᠋ᠡᠷ ᠦᠵᠡᠵᠦ᠂ ᠶᠡᠬᠡ ᠬᠦᠦ ᠶ᠋ᠢᠨ ᠠᠮᠠ ᠪᠠᠷ ᠪᠤᠳᠠᠭ᠎ᠠ ᠢᠳᠡᠵᠦ᠂ ᠬᠠᠮᠤᠭ ᠶᠠᠭᠤᠮ᠎ᠠ ᠶ᠋ᠢ ᠲᠡᠭᠦᠨ ᠦ᠌ ᠨᠢᠳᠦ ᠪᠡᠷ ᠦᠵᠡᠵᠦ ᠰᠤᠷᠤᠭᠰᠠᠨ ᠡᠮᠡᠭᠡᠨ ᠡᠬᠡ ᠨᠢ ᠪᠠᠭ᠎ᠠ ᠬᠦᠦ ᠪᠡᠨ ᠬᠦᠷᠴᠦ ᠢᠷᠡᠬᠦ ᠳ᠋ᠦ᠍ ᠪᠠᠰᠠ ᠨᠢᠭᠡ ᠶᠡᠬᠡ ᠪᠠᠶᠠᠷᠯᠠᠭᠰᠠᠨ ᠦᠭᠡᠢ᠂ ᠬᠥᠨᠲᠥᠢ (ᠬᠥᠨᠳᠡᠢ) ᠬᠦᠢᠲᠡᠨ ᠪᠠᠢᠪᠠ᠃ 
       ᠰᠢᠷᠴᠢᠨ ᠦ᠌ ᠵᠣᠷᠢᠵᠤ ᠢᠷᠡᠭᠰᠡᠨ ᠬᠡᠷᠡᠭ ᠢ᠋ ᠰᠣᠨᠣᠰᠤᠭᠠᠳ ᠠᠬ᠎ᠠ ᠨᠢ ᠢᠷᠪᠠᠢᠵᠤ᠂ ᠥᠨᠥᠴᠢᠨ ᠢᠰᠢᠭᠡ ᠴᠦ᠍ ᠥᠭᠴᠦ ᠴᠢᠳᠠᠬᠤ ᠦᠭᠡᠢ ᠭᠡᠵᠦ ᠥᠭᠦᠯᠡᠷᠦᠨ᠂ 
       — ᠥᠩᠭᠡᠷᠡᠭᠴᠢ ᠬᠠᠪᠤᠷ ᠶᠡᠬᠡ ᠰᠢᠭᠤᠷᠭ᠎ᠠ ᠲᠠᠯᠪᠢᠭᠠᠳ᠂ ᠡᠪᠦᠭᠡᠨ ᠠᠪᠤ ᠬᠡᠭᠡᠷ᠎ᠡ ᠬᠣᠨᠢ ᠪᠠᠷ ᠶᠠᠪᠤᠭᠰᠠᠨ᠎ᠠ ᠣᠰᠤᠭᠤᠵᠤ ᠦᠬᠦᠭᠡᠳ ᠪᠤᠶᠠᠨ ᠨᠣᠮ ᠬᠢᠬᠦ ᠭᠡᠵᠦ ᠪᠢ ᠶᠡᠬᠡ ᠭᠠᠷᠤᠵᠠᠳᠠᠭᠰᠠᠨ! ᠬᠣᠨᠢ ᠬᠠᠷᠢᠭᠤᠯᠬᠤ ᠬᠥᠮᠦᠨ ᠪᠦᠯᠢ ᠮᠠᠭᠤᠲᠠᠢ ᠪᠣᠯᠤᠭᠰᠠᠨ ᠳᠡᠭᠡᠷ᠎ᠡ ᠡᠴᠡ ᠣᠳᠣ ᠳᠠᠬᠢᠨ ᠨᠢᠭᠡ ᠭᠡᠷᠯᠡᠬᠦ ᠰᠠᠨᠠᠭᠠᠲᠠᠢ ᠪᠠᠢᠨ᠎ᠠ᠃ ᠬᠠᠷᠢᠨ ᠴᠢ ᠡᠬᠡᠨᠡᠷ ᠲᠡᠢ ᠪᠡᠨ ᠨᠡᠭᠦᠵᠦ ᠢᠷᠡᠭᠡᠳ᠂ ᠡᠬᠡ ᠪᠢᠳᠡ ᠬᠣᠶᠠᠷ ᠲᠠᠭᠠᠨ ᠬᠣᠨᠢ ᠮᠠᠯ ᠬᠠᠷᠢᠭᠤᠯᠬᠤ ᠳ᠋ᠤ᠌ ᠲᠤᠰᠠᠯᠠᠪᠠᠯ ᠶᠠᠭᠤᠲᠠᠢ ᠪᠢᠯᠡ᠃ ᠮᠠᠯ ᠢ᠋ᠶ᠋ᠠᠨ ᠨᠡᠢᠯᠡᠭᠦᠯᠵᠦ ᠬᠠᠷᠢᠭᠤᠯᠬᠤ ᠳ᠋ᠤ᠌ ᠬᠣᠷᠢᠭᠠᠳ ᠬᠣᠨᠢ ᠬᠠᠷᠢᠭᠤᠯᠤᠭᠰᠠᠨ ᠴᠣ᠂ ᠲᠠᠪᠤ ᠵᠢᠷᠭᠤᠭᠠᠨ ᠵᠠᠭᠤᠨ ᠬᠣᠨᠢ ᠬᠠᠷᠢᠭᠤᠯᠤᠭᠰᠠᠨ ᠴᠤ᠌ ᠠᠳᠠᠯᠢ ᠰᠢᠦ ᠳᠡ ᠭᠡᠬᠦ  ᠳ᠋ᠦ᠍ ᠨᠢ ᠡᠬᠡ ᠨᠢ᠂  
       — ᠲᠡᠢᠮᠦ ᠠ᠋᠂ ᠬᠦᠦ ᠮᠢᠨᠢ᠃ ᠪᠠᠰᠠ ᠲᠡᠭᠡᠭᠡᠳ ᠥᠪᠡᠷ ᠦ᠋ᠨ ᠬᠥᠮᠦᠨ ᠭᠡᠳᠡᠭ ᠴᠢᠨᠢ ᠡᠮᠦᠨ᠎ᠡ ᠪᠡᠨ ᠪᠠᠢᠳᠠᠭ ᠶᠤᠮ ᠰᠢᠦ ᠳᠡ ᠠ᠋᠃ ᠵᠠᠷᠤᠴᠠ ᠬᠥᠮᠦᠨ ᠦ᠌ ᠬᠣᠢᠨ᠎ᠠ ᠠ᠋ᠴᠠ ᠳ᠋ᠠᠨᠳᠠ(ᠲᠠᠩᠳᠠ) ᠬᠠᠷᠠᠵᠤ ᠪᠠᠢᠬᠤ ᠬᠡᠷᠡᠭᠲᠡᠢ᠃ ᠶᠠᠭᠤᠮ᠎ᠠ ᠯᠠ ᠪᠣᠯ ᠬᠥᠮᠦᠨ ᠦ᠌ ᠬᠥᠮᠦᠨ ᠪᠣᠯᠤᠭᠠᠳ ᠰᠠᠨᠠᠭ᠎ᠠ ᠲᠠᠯᠪᠢᠵᠤ᠂ ᠬᠠᠷᠠᠵᠤ ᠬᠠᠢᠬᠤᠷᠤᠭᠰᠠᠨ ᠦᠭᠡᠢ ᠪᠠᠢᠬᠤ ᠭᠡᠵᠦ ᠵᠠᠷᠢᠮ ᠳ᠋ᠠᠭᠠᠨ ᠨᠢᠭᠦᠯ ᠴᠦ᠍ ᠬᠤᠷᠢᠶᠠᠬᠤ ᠳ᠋ᠤ᠌ ᠴᠤ᠌ ᠬᠦᠷᠳᠡᠭ᠂ ᠬᠥᠮᠦᠨ ᠵᠠᠷᠤᠬᠤ ᠭᠡᠵᠦ ᠶᠡᠷᠦ ᠲᠤᠰᠠ ᠦᠭᠡᠢ ᠶᠦᠮ ᠳᠡ ᠭᠡᠵᠦ ᠶᠠᠷᠢᠬᠤ ᠳ᠋ᠤᠨᠢ ᠰᠢᠷᠴᠢᠨ᠂ ᠡᠬᠡ ᠠᠬ᠎ᠠ ᠬᠣᠶᠠᠷ ᠢ᠋ ᠶᠡᠷᠦ ᠭᠠᠷ ᠳᠣᠣᠷ᠎ᠠ ᠪᠠᠨ ᠵᠠᠷᠤᠬᠤ ᠪᠡᠯᠡᠨ ᠬᠥᠮᠦᠨ ᠲᠡᠢ ᠪᠣᠯᠬᠤ ᠭᠡᠵᠦ ᠦᠵᠡᠬᠦ ᠡᠴᠡ ᠪᠢᠰᠢ᠂ ᠲᠥᠷᠥᠯ ᠲᠥᠷᠥᠭᠰᠡᠨ ᠭᠡᠵᠦ ᠦᠵᠡᠬᠦ ᠰᠢᠨᠵᠢ ᠦᠭᠡᠢ ᠪᠠᠢᠭ᠎ᠠ  ᠳ᠋ᠤ᠌ ᠨᠢ ᠰᠡᠳᠬᠢᠯ ᠭᠣᠮᠣᠳᠠᠵᠤ᠂ ᠡᠭᠦᠨ ᠡᠴᠡ ᠬᠣᠢᠰᠢ ᠲᠡᠭᠦᠨ ᠠ᠋ᠴᠠ ᠴᠢᠨᠠᠭᠰᠢ ᠠᠬ᠎ᠠ ᠶ᠋ᠢᠨ ᠪᠣᠱᠣᠭ᠎ᠠ ᠶ᠋ᠢ ᠴᠦ᠍ ᠠᠯᠬᠤᠬᠤ ᠦᠭᠡᠢ ᠭᠡᠵᠦ ᠪᠣᠳᠣᠭᠠᠳ᠂ ᠰᠠᠯᠬᠤ ᠶᠣᠰᠣ ᠬᠢᠵᠦ ᠮᠣᠷᠳᠠᠪᠠ᠃ ᠵᠠᠮ ᠳ᠋ᠠᠭᠠᠨ ᠬᠤᠷᠳᠤᠨ ᠬᠥᠯ ᠲᠡᠢ ᠰᠦᠷᠦᠭ ᠵᠡᠭᠡᠷ᠎ᠡ ᠲᠡᠢ ᠳᠠᠭᠠᠷᠢᠯᠳᠤᠭᠠᠳ ᠬᠦᠷᠦᠭᠡ ᠬᠢᠬᠦ ᠳᠤᠷ᠎ᠠ ᠲᠡᠰᠬᠡᠯ ᠦᠭᠡᠢ ᠬᠦᠷᠴᠦ᠂ ᠰᠡᠷᠭᠡᠷ ᠡᠪᠡᠷᠲᠦ ᠨᠢᠭᠡ ᠲᠠᠷᠭᠤᠨ ᠣᠭᠣᠨᠣ ᠵᠥᠪ ᠪᠥᠭᠲᠥᠷᠬᠡᠨ ᠳ᠋ᠡᠭᠡᠨ ᠭᠠᠨᠵᠤᠭᠯᠠᠵᠤ(ᠭᠠᠨᠵᠤᠭᠠᠯᠠᠵᠤ) ᠬᠠᠷᠢᠪᠠ᠃ 
       ᠠᠢᠯ ᠪᠦᠬᠦᠨ ᠤᠩᠭᠠᠰᠤ ᠪᠠᠨ ᠰᠠᠪᠠᠵᠤ᠂ ᠭᠡᠷ ᠢ᠋ᠶ᠋ᠡᠨ ᠡᠪᠦᠯ ᠳᠠᠪᠬᠤᠷᠯᠠᠬᠤ ᠢᠰᠡᠭᠡᠢ ᠬᠢᠬᠦ ᠳ᠋ᠦ᠍᠂ ᠰᠢᠷᠴᠢᠨ ᠤᠷᠢᠳ ᠠᠬ᠎ᠠ ᠶ᠋ᠢᠨ  ᠳ᠋ᠦ᠍ ᠪᠡᠨ ᠤᠩᠭᠠᠰᠤ ᠰᠠᠪᠠᠵᠤ ᠪᠠᠢᠭᠰᠠᠨ ᠢ᠋ᠶ᠋ᠠᠨ ᠰᠠᠨᠠᠭᠠᠳ᠂ ᠠᠢᠯ ᠬᠡᠰᠦᠵᠦ ᠤᠩᠭᠠᠰᠤ ᠰᠠᠪᠠᠵᠤ ᠶᠠᠪᠤᠭᠰᠠᠭᠠᠷ ᠨᠠᠮᠤᠷ  ᠲᠡᠢᠰᠢ ᠭᠡᠷ ᠦ᠋ᠨ ᠪᠥᠷᠢᠶᠡᠰᠦᠨ ᠦ᠌ ᠢᠰᠡᠭᠡᠢ ᠲᠡᠢ ᠪᠣᠯᠵᠤ ᠠᠪᠤᠯ᠎ᠠ᠃  
       ᠴᠡᠷᠢᠭ ᠡᠴᠡ ᠬᠠᠯᠠᠭᠳᠠᠵᠤ ᠢᠷᠡᠭᠰᠡᠨ ᠦ᠌ ᠳᠠᠷᠠᠭ᠎ᠠ ᠰᠢᠷᠴᠢᠨ᠂ ᠵᠢᠩᠰᠡ ᠤᠲᠤᠭ᠎ᠠ ᠵᠡᠭᠦᠬᠦ ᠳᠤᠷ᠎ᠠ ᠲᠠᠢ ᠪᠠᠢᠵᠠᠢ᠃ ᠭᠡᠲᠡᠯ᠎ᠡ ᠣᠪᠣᠭ᠎ᠠ ᠳᠠᠬᠢᠵᠤ ᠨᠠᠭᠠᠳᠤᠮ ᠬᠢᠬᠦ ᠦᠶ᠎ᠡ ᠪᠡᠷ᠂ ᠡᠪᠦᠭᠡᠨ ᠯᠣᠣᠵᠠᠩ ᠬᠡᠳᠦᠨ ᠥᠲᠡᠭᠦᠰ ᠲᠡᠢ ᠠᠷᠢᠬᠢ ᠤᠤᠭᠤᠵᠤ ᠰᠠᠭᠤᠭᠠᠳ᠂ ᠰᠢᠷᠴᠢᠨ ᠢ᠋ ᠭᠠᠷ ᠢ᠋ᠶ᠋ᠠᠷ ᠳᠣᠬᠢᠨ ᠳᠠᠭᠤᠳᠠᠵᠤ᠂ ᠨᠢᠭᠡᠨ ᠠᠶᠠᠭ᠎ᠠ ᠰᠢᠮ᠎ᠡ ᠶ᠋ᠢᠨ ᠠᠷᠢᠬᠢ ᠪᠠᠷᠢᠭᠠᠳ ᠥᠭᠦᠯᠡᠷᠦᠨ᠂  
       — ᠬᠦᠦ ᠮᠢᠨᠢ᠂ ᠰᠣᠨᠣᠰᠪᠠᠯ᠂ ᠴᠢᠮᠠᠶ᠋ᠢ ᠴᠡᠷᠢᠭ ᠲᠦ᠍ ᠬᠦᠴᠦᠨ ᠵᠢᠳᠬᠦᠭᠰᠡᠨ ᠭᠡᠵᠦ ᠵᠢᠩᠰᠡ ᠤᠲᠤᠭ᠎ᠠ ᠱᠠᠩᠨᠠᠭᠰᠠᠨ ᠭᠡᠵᠦ ᠬᠥᠮᠦᠨ ᠡᠴᠡ ᠳᠤᠭᠤᠯᠤᠯ᠎ᠠ᠃ ᠣᠳᠣ ᠦᠵᠡᠪᠡᠯ ᠲᠡᠷᠡ ᠵᠢᠩᠰᠡ ᠤᠲᠤᠭ᠎ᠠ ᠪᠠᠨ ᠵᠡᠭᠦᠵᠦ ᠪᠡᠶ᠎ᠡ ᠪᠡᠨ ᠪᠠᠷᠤᠭ ᠨᠣᠶᠠᠨ ᠪᠣᠯᠤᠭᠰᠠᠨ ᠶᠤᠮ ᠰᠢᠭ᠋ ᠬᠠᠩᠬᠠᠯᠵᠠᠵᠤ ᠶᠠᠪᠤᠨᠠᠤ(ᠶᠠᠪᠤᠨ᠎ᠠ ᠤᠤ) ᠳᠠ᠂ ᠴᠢ ᠮᠢᠨᠢ᠂ ᠴᠡᠷᠢᠭ ᠲᠡᠢᠨ ᠳ᠋ᠦ᠍ ᠡᠷᠡᠯᠬᠡᠭ ᠪᠠᠭᠠᠲᠤᠷ ᠶᠠᠪᠤᠵᠤ ᠢᠷᠡᠭᠰᠡᠨ ᠴᠢᠨᠢ ᠰᠠᠢᠨ ᠬᠡᠷᠡᠭ᠃ ᠭᠠᠭᠴᠠᠬᠦ(ᠭᠠᠭᠴᠠ ᠬᠦ᠌) ᠣᠳᠣ ᠵᠢᠯ ᠢᠷᠡᠬᠦ ᠳᠤᠰᠤᠮ᠎ᠠ ᠵᠢᠩᠰᠡᠲᠡᠨ ᠨᠣᠶᠠᠨ ᠣᠯᠠᠨ ᠪᠣᠯᠵᠤ᠂ ᠣᠨ ᠢᠷᠡᠬᠦ ᠳᠤᠰᠤᠮ᠎ᠠ ᠣᠲᠣᠭᠠᠲᠠᠨ ᠨᠣᠶᠠᠳ ᠣᠯᠠᠨ ᠪᠣᠯᠵᠤ ᠪᠠᠢᠭ᠎ᠠ ᠨᠢ ᠠᠷᠠᠳ ᠣᠯᠠᠨ ᠳ᠋ᠤ᠌ ᠲᠡᠳᠦᠢ ᠯᠡ ᠰᠠᠢᠨ ᠪᠢᠰᠢ ᠪᠣᠯᠪᠠᠤ(ᠪᠣᠯᠪᠠ ᠤᠤ)?  
       ᠯᠣᠳᠣᠢ ᠪᠠᠶᠠᠨ ᠰᠠᠶᠢᠬᠠᠨ ᠲᠠᠪᠤᠨ ᠵᠠᠭᠤᠨ ᠯᠠᠩ ᠮᠥᠩᠭᠥ ᠪᠡᠷ ᠪᠡᠢᠰᠡ ᠪᠣᠯᠵᠤ᠂ ᠱ᠌ᠢᠷᠦᠨ ᠵᠢᠩᠰᠡ ᠵᠡᠭᠦᠵᠦ ᠰᠠᠭᠰᠠᠢᠵᠤ ᠶᠠᠪᠤᠨ᠎ᠠ ᠭᠡᠨ᠎ᠡ ᠪᠢᠯᠡ᠃  
       ᠵᠠᠮᠰᠦ᠋ᠷᠦᠩᠵᠠᠪ ᠲᠠᠢᠵᠢ᠂ ᠤᠯᠢᠶᠠᠰᠤᠲᠠᠢ ᠶ᠋ᠢᠨ ᠳ᠋ᠠᠩᠵᠢᠶᠠᠳᠠ(ᠳᠠᠩᠵᠢᠶᠠᠳ) ᠨᠠᠷ ᠠ᠋ᠴᠠ ᠬᠡᠭᠡᠯᠢ ᠬᠠᠬᠤᠤᠯᠢ ᠢᠳᠡᠵᠦ ᠬᠥᠯᠵᠢᠭᠡᠳ᠂ ᠣᠷᠣᠰ ᠲᠤ᠌ ᠮᠠᠯ ᠨᠡᠢᠯᠡᠭᠦᠯᠵᠦ ᠪᠠᠶᠠᠵᠢᠭᠠᠳ᠂ ᠪᠠᠰᠠ ᠪᠡᠢᠯᠡ ᠶ᠋ᠢᠨ ᠵᠡᠷᠭᠡ ᠵᠢᠩᠰᠡ ᠬᠤᠳᠠᠯᠳᠤᠵᠤ ᠠᠪᠤᠭᠰᠠᠨ ᠭᠡᠨ᠎ᠡ ᠪᠢᠯᠡ᠃ ᠬᠦᠷᠢᠶᠡᠨ ᠳ᠋ᠦ᠍᠂ ᠰᠣᠨᠣᠰᠪᠠᠯ ᠪᠠᠶᠠᠨ ᠶᠠᠷᠭᠠᠴᠢᠨ ᠨᠤᠭᠤᠳ ᠸᠠᠩ ᠬᠦᠩ ᠪᠤᠯᠵᠠᠭᠠᠵᠤ᠂ ᠵᠠᠬ᠎ᠠ ᠠ᠋ᠴᠠ ᠠᠪᠤᠨ ᠶᠠᠷᠭᠠᠴᠢᠨ ᠬᠦᠩ᠂ ᠵᠠᠮ ᠠ᠋ᠴᠠ ᠦᠷᠭᠦᠯᠵᠢ ᠶᠠᠷᠭᠠᠴᠢᠨ ᠪᠠᠢᠰᠠ ᠶ᠋ᠢᠨ ᠬᠠᠲᠤᠨ ᠪᠣᠯᠵᠤ᠂ ᠵᠢᠷ ᠦ᠋ᠨ ᠬᠠᠷᠠᠴᠤ ᠠᠷᠠᠳ ᠢ᠋ ᠶᠠᠪᠤᠬᠤ ᠳ᠋ᠤ᠌ ᠬᠡᠴᠡᠭᠦᠦ᠂ ᠡᠰᠢ (ᠡᠢᠰᠢ) ᠪᠡᠨ ᠴᠦ᠍ ᠬᠠᠷᠠᠵᠤ ᠮᠣᠷᠢᠨ ᠠ᠋ᠴᠠ ᠪᠠᠭᠤᠵᠤ ᠬᠦᠩ ᠨᠣᠶᠠᠨ ᠳ᠋ᠤ᠌ ᠰᠥᠭᠥᠳᠦᠨ ᠶᠣᠰᠣᠯᠠᠬᠤ᠂ ᠳᠠᠰᠢ(ᠲᠠᠢᠰᠢ) ᠪᠠᠨ ᠬᠠᠷᠠᠵᠤ ᠪᠡᠢᠰᠡ ᠨᠣᠶᠠᠨ ᠳ᠋ᠤ᠌ ᠲᠡᠮᠡᠭᠡᠨ ᠡᠴᠡ ᠪᠠᠭᠤᠵᠤ ᠶᠣᠰᠣᠯᠠᠬᠤ᠂ ᠭᠣᠷᠢ ᠦᠭᠡᠢ ᠪᠣᠯᠵᠤ ᠪᠠᠢᠭ᠎ᠠ ᠭᠡᠨ᠎ᠡ ᠪᠢᠯᠡ᠃ ᠬᠦᠦ ᠮᠢᠨᠢ᠂ ᠴᠢ ᠬᠥᠮᠦᠨ ᠢ᠋ᠶ᠋ᠡᠨ ᠪᠠᠢᠴᠢᠬᠤ(ᠪᠠᠢᠴᠢᠬᠠᠬᠤ) ᠠ᠋ᠴᠠ ᠡᠮᠦᠨ᠎ᠡ ᠡᠨᠡ ᠲᠣᠯᠣᠭᠠᠢ ᠳᠡᠭᠡᠷᠡᠬᠢ ᠴᠢᠯᠠᠭᠤ ᠪᠠᠨ ᠠᠪᠴᠤ ᠬᠠᠶᠠᠯ(ᠬᠠᠶᠠ ᠯᠠ) ᠳᠠ᠃ ᠨᠣᠶᠠᠨ ᠪᠣᠯᠵᠤ ᠣᠯᠠᠨ ᠤ᠋ ᠬᠦᠵᠦᠭᠦᠨ ᠳᠡᠭᠡᠷ᠎ᠡ ᠭᠠᠷᠤᠭᠠᠳ ᠴᠢ ᠶᠠᠭᠤ ᠪᠠᠨ ᠬᠢᠬᠦ ᠨᠢ ᠪᠣᠢ? ᠭᠡᠪᠡ᠃ 
       ᠰᠢᠷᠴᠢᠨ ᠦ᠌ ᠨᠢᠭᠤᠷ ᠬᠠᠯᠠᠭᠤᠨ ᠣᠷᠬᠢᠵᠤ᠂ ᠬᠥᠯᠥᠰᠥ ᠭᠠᠷᠪᠠ᠃ ᠳᠠᠭᠤᠨ ᠦᠭᠡᠢ ᠲᠣᠯᠣᠭᠠᠢ ᠪᠠᠨ ᠳᠣᠬᠢᠨ ᠵᠥᠪᠰᠢᠶᠡᠷᠡᠭᠡᠳ᠂ ᠡᠭᠦᠨ ᠡᠴᠡ ᠬᠣᠢᠰᠢ ᠲᠡᠭᠦᠨ ᠡᠴᠡ ᠴᠠᠰᠢ(ᠴᠠᠭᠠᠰᠢ)᠂ ᠵᠢᠩᠰᠡ ᠵᠡᠭᠦᠬᠦ ᠪᠡᠨ ᠪᠠᠢᠶ᠎ᠠ ᠭᠡᠵᠦ ᠳᠣᠲᠣᠷ᠎ᠠ ᠪᠠᠨ ᠠᠮᠠ ᠠᠯᠳᠠᠪᠠ᠃ 
       ᠰᠠᠶᠢᠬᠠᠨ ᠶᠡᠬᠡᠯ᠎ᠡ(ᠶᠡᠬᠡ ᠯᠡ)ᠰᠠᠢᠬᠠᠨ ᠰᠠᠨᠠᠭᠳᠠᠵᠤ᠂ ᠲᠣᠯᠣᠭᠠᠢ ᠶ᠋ᠢ ᠨᠢ ᠭᠡᠳᠡᠢᠯᠭᠡᠵᠦ ᠪᠠᠢᠭᠰᠠᠨ ᠵᠢᠩᠰᠡ ᠤᠲᠤᠭ᠎ᠠ᠂ ᠣᠳᠣ ᠳᠠᠭᠠᠭᠠᠰᠢ ᠦᠭᠡᠢ ᠬᠦᠨᠳᠦ ᠶᠠᠭᠤᠮ᠎ᠠ ᠪᠣᠯᠤᠭᠰᠠᠨ ᠮᠡᠲᠦ ᠲᠣᠯᠣᠭᠠᠢ ᠪᠠᠨ ᠥᠨᠳᠡᠢᠯᠭᠡᠬᠦ ᠶ᠋ᠢᠨ ᠠᠷᠭ᠎ᠠ ᠦᠭᠡᠢ᠂ ᠳᠠᠭᠤᠨ ᠦᠭᠡᠢ ᠪᠥᠬᠥᠢᠵᠦ ᠰᠠᠭᠤᠪᠠ᠃ ᠭᠡᠲᠡᠯ᠎ᠡ ᠡᠪᠦᠭᠡᠳ᠂ ᠰᠢᠷᠴᠢᠨ ᠢ᠋ ᠣᠭᠲᠣ ᠠᠩᠬᠠᠷᠬᠤ ᠦᠭᠡᠢ᠂ ᠠᠷᠭᠠᠯ ᠤ᠋ᠨ ᠤᠲᠤᠭᠠᠨ ᠤ᠋ ᠦᠨᠦᠷ ᠰᠢᠩᠭᠡᠭᠰᠡᠨ ᠰᠢᠮ᠎ᠡ ᠶ᠋ᠢᠨ ᠠᠷᠢᠬᠢ ᠤᠤᠭᠤᠵᠠᠭᠠᠵᠤ᠂ ᠢᠰᠡᠭᠡᠢ ᠲᠤᠭᠤᠷᠭᠠᠲᠠᠨ ᠤᠯᠤᠰ ᠤ᠋ᠨ ᠵᠠᠩᠰᠢᠯ ᠢ᠋ᠶ᠋ᠠᠷ ᠨᠠᠮ ᠳᠠᠭᠤᠨ ᠢ᠋ᠶ᠋ᠠᠷ ᠦᠭᠡ ᠬᠡᠯᠡᠯᠴᠡᠨ ᠰᠠᠭᠤᠭᠰᠠᠨ ᠨᠢ᠂ ᠡᠪᠦᠭᠡᠨ ᠯᠣᠣᠵᠠᠩ᠂ ᠰᠢᠷᠴᠢᠨ ᠦ᠌ ᠢᠷᠡᠬᠦ ᠶ᠋ᠢᠨ ᠡᠮᠦᠨ᠎ᠡ ᠶᠠᠷᠢᠵᠤ ᠪᠠᠢᠭᠰᠠᠨ ᠦᠭᠡ ᠪᠡᠨ ᠦᠷᠭᠦᠯᠵᠢᠯᠡᠨ ᠥᠭᠦᠯᠡᠷᠦᠨ᠂ 
       — ᠮᠠᠨ ᠤ᠋ ᠪᠣᠭᠳᠠ ᠬᠠᠭᠠᠨ ᠰᠢᠷᠡᠭᠡᠨ ᠳ᠋ᠦ᠍ ᠰᠠᠭᠤᠭᠰᠠᠨ ᠤ᠋ ᠳᠠᠷᠠᠭ᠎ᠠ᠂ ᠬᠢᠲᠠᠳ ᠡᠯᠢᠭᠡ ᠲᠡᠢ ᠭᠡᠵᠦ ᠵᠠᠰᠠᠭᠲᠤ ᠬᠠᠨ ᠢ᠋ ᠴᠢᠨᠠᠭᠰᠢ ᠨᠢ ᠬᠠᠷᠠᠭᠤᠯᠤᠭᠠᠳ᠂ ᠬᠣᠵᠢᠮ ᠪᠠᠰᠠ ᠪᠢᠨᠳᠦ ᠸᠠᠩ᠂ ᠳᠠ ᠯᠠᠮᠠ ᠰᠠᠢᠳ ᠴᠡᠷᠡᠨᠴᠢᠮᠡᠳ ᠲᠦ᠍ ᠪᠠᠯᠭᠤᠯᠴᠢᠬᠠᠵᠠᠢ (ᠪᠠᠯᠭᠤᠭᠤᠯᠴᠢᠬᠠᠵᠠᠢ)᠃ ᠮᠠᠨ ᠤ᠋ ᠰᠠᠢᠨ ᠨᠣᠶᠠᠨ ᠬᠠᠨ ᠲᠡᠳᠡᠨ ᠢ᠋ ᠢᠲᠡᠭᠡᠴᠢᠭᠡᠳ(ᠢᠲᠡᠭᠡᠴᠢᠬᠡᠭᠡᠳ)᠂ ᠮᠠᠨᠳᠤᠵᠤ ᠭᠠᠷᠤᠭᠰᠠᠨ ᠶᠤᠮ ᠭᠡᠨ᠎ᠡ ᠪᠢᠯᠡ᠃ ᠵᠠᠰᠠᠭᠲᠤ ᠬᠠᠭᠠᠨ ᠤ᠋ ᠰᠡᠭᠦᠯ ᠢ᠋ᠶ᠋ᠡᠷ ᠶᠡᠷᠦᠩᠬᠡᠢ ᠰᠠᠢᠳ ᠪᠣᠯᠤᠭᠰᠠᠨ ᠰᠢᠦ ᠳᠡ᠂ ᠮᠠᠨ ᠤ᠋ ᠬᠠᠨ᠃ ᠣᠳᠣ ᠠᠮᠢᠲᠠᠨ ᠤ᠋ ᠦᠭᠡ ᠶ᠋ᠢ ᠰᠣᠨᠣᠰᠪᠠᠯ᠂ ᠬᠣᠢᠲᠤ ᠣᠷᠣᠰ ᠤᠯᠤᠰ᠂ ᠳᠧ ᠭᠦᠸᠧ ᠲᠡᠢ ᠳᠠᠢᠳᠤᠵᠤ ᠬᠦᠴᠦᠨ ᠪᠠᠭᠤᠷᠠᠭᠠᠳ᠂ ᠣᠷᠣᠰ ᠡᠯᠢᠭᠡ ᠲᠡᠢ ᠬᠥᠮᠦᠨ᠂ ᠳᠡᠭᠡᠭᠦᠷ ᠬᠦᠨᠳᠦ ᠪᠡᠨ ᠪᠠᠭᠤᠷᠠᠵᠤ ᠪᠠᠢᠭ᠎ᠠ ᠰᠤᠷᠠᠭ ᠲᠠᠢ᠃ ᠠᠶᠠ (ᠠᠶ᠎ᠠ)ᠦᠭᠡᠢᠳᠡᠪᠡᠯ ᠡᠬᠡ ᠳᠠᠭᠢᠨᠢ ᠳᠡᠭᠡᠷᠡᠬᠢ ᠶ᠋ᠢᠨ ᠨᠢᠭᠡ ᠣᠷᠣᠢ ᠶ᠋ᠢᠨ ᠨᠠᠢᠷ ᠲᠤ᠌ ᠬᠠᠨᠳᠠ ᠸᠠᠩ᠂ ᠮᠠᠨᠠᠢ(ᠮᠠᠨ ᠤ᠋) ᠰᠠᠢᠨ ᠨᠣᠶᠠᠨ ᠬᠠᠨ ᠬᠣᠶᠠᠷ ᠲᠤ᠌  ᠲᠥᠷᠥᠯ ᠠᠷᠠᠯᠵᠢᠬᠤ ᠬᠤᠨᠳᠠᠭ᠎ᠠ ᠳᠡᠪᠰᠢᠭᠦᠯᠵᠦ ᠣᠷᠬᠢᠬᠤ ᠮᠠᠭᠠᠳ ᠦᠭᠡᠢ ᠶᠦᠮ ᠰᠢᠦ ᠭᠡᠬᠦ  ᠳ᠋ᠦ᠍ ᠨᠢ᠂ ᠥᠷᠭᠡᠨ ᠮᠥᠷᠥ ᠲᠡᠢ ᠨᠢᠭᠡ ᠥᠨᠳᠥᠷ ᠡᠪᠦᠭᠡᠨ ᠴᠠᠭᠠᠨ ᠪᠥᠭᠰᠡ ᠲᠡᠢ ᠯᠣᠩᠬᠣᠨ ᠠ᠋ᠴᠠ ᠮᠥᠩᠭᠥᠨ ᠠᠶᠠᠭᠠᠨ ᠳ᠋ᠤ᠌ ᠠᠷᠢᠬᠢ ᠬᠢᠵᠦ ᠠᠰᠠᠭᠤᠷᠤᠨ᠂ 
       — ᠳᠠ ᠯᠠᠮᠠ ᠴᠠᠷᠠᠨᠴᠢᠮᠡᠳ ᠲᠦ᠍ ᠶᠠᠪᠤᠭᠠᠨ ᠳ᠋ᠠᠭᠠᠨ ᠠᠭᠠᠵᠢᠮ ᠢ᠋ᠶ᠋ᠠᠷ ᠳᠤᠰᠤᠳᠠᠭ (ᠲᠣᠰᠳᠠᠭ)ᠬᠣᠣᠷ ᠥᠭᠴᠦ᠂ ᠳᠥᠴᠢ ᠬᠣᠨᠣᠭᠰᠠᠨ ᠬᠣᠢᠨ᠎ᠠ ᠲᠡᠷᠡ ᠬᠣᠣᠷ ᠤ᠋ᠨ ᠬᠦᠴᠦ ᠪᠣᠯᠪᠠᠰᠤᠷᠠᠵᠤ ᠦᠬᠦᠭᠰᠡᠨ ᠭᠡᠳᠡᠭ ᠦᠨᠡᠨ ᠤᠤ ᠬᠡᠮᠡᠪᠡᠰᠦ᠂ 
       — ᠰᠠᠢᠨ ᠨᠣᠶᠠᠨ ᠬᠠᠨ ᠫᠧᠲ᠋ᠧᠷᠪᠥ᠋ᠷᠡᠭ ᠣᠷᠣᠵᠤ᠂ ᠣᠷᠣᠰ ᠤ᠋ᠨ ᠵᠠᠰᠠᠭ ᠤ᠋ᠨ ᠭᠠᠵᠠᠷ ᠲᠠᠢ ᠬᠡᠯᠡᠯᠴᠡᠭᠡᠷ ᠪᠠᠢᠭᠤᠯᠤᠭᠠᠳ᠂ ᠣᠳᠣ ᠣᠢ ᠮᠣᠳᠣ ᠳᠤᠷ᠎ᠠ ᠪᠠᠷ ᠣᠭᠲᠣᠯᠵᠤ ᠪᠣᠯᠬᠤ ᠦᠭᠡᠢ ᠭᠡᠵᠦ ᠭᠤᠤᠵᠢᠨ ᠨᠣᠶᠠᠨ ᠤ᠋ ᠪᠢᠴᠢᠭ ᠭᠡᠳᠡᠭ ᠢ᠋ ᠬᠦᠷᠢᠶᠡᠨ ᠳ᠋ᠦ᠍ ᠣᠯᠭᠣᠳᠠᠭ ᠪᠣᠯᠤᠭᠰᠠᠨ᠂ ᠲᠡᠷᠡ ᠭᠤᠤᠵᠢᠨ ᠨᠣᠶᠠᠨ ᠢ᠋ ᠤᠷᠢᠵᠤ ᠢᠷᠡᠭᠦᠯᠬᠦ ᠪᠡᠷ ᠬᠡᠯᠡᠯᠴᠡᠭᠰᠡᠨ ᠶᠦᠮ ᠭᠡᠨ᠎ᠡ ᠪᠢᠯᠡ᠃  
       ᠲᠡᠷᠡ ᠦᠶ᠎ᠡ ᠳ᠋ᠦ᠍ ᠳᠡ ᠯᠠᠮᠠ᠂ ᠰᠠᠢᠨ ᠨᠣᠶᠠᠨ ᠬᠠᠨ ᠤ᠋ ᠬᠢᠭᠰᠡᠨ ᠬᠡᠯᠡᠯᠴᠡᠭᠡ ᠶ᠋ᠢ ᠳᠤᠷ᠎ᠠ ᠦᠭᠡᠢᠴᠡᠵᠦ᠂ ᠬᠠᠨ ᠢ᠋ ᠲᠤᠰᠢᠶᠠᠯ ᠠ᠋ᠴᠠ ᠨᠢ ᠤᠭᠴᠠᠷᠠᠭᠤᠯᠬᠤ ᠲᠤᠬᠠᠢ ᠪᠣᠭᠳᠠ ᠬᠠᠭᠠᠨ ᠳ᠋ᠤ᠌ ᠠᠢᠯᠠᠳᠬᠠᠬᠤ ᠭᠡᠵᠦ ᠪᠠᠢᠵᠤ ᠯᠠ ᠳᠠ᠃ ᠭᠡᠲᠡᠯ᠎ᠡ ᠬᠠᠨ᠂ ᠪᠠᠭ᠎ᠠ ᠵᠠᠯᠠᠭᠤ ᠶ᠋ᠢᠨ ᠦᠶᠡᠰ᠂ ᠪᠣᠭᠳᠠ ᠬᠠᠭᠠᠨ ᠳ᠋ᠤ᠌ ᠣᠢᠷ᠎ᠠ᠂ ᠨᠢᠭᠡ ᠬᠥᠨᠵᠢᠯᠡ ᠪᠡᠷ ᠬᠤᠴᠢᠵᠤ ᠤᠨᠲᠠᠳᠠᠭ ᠪᠠᠢᠭᠰᠠᠨ ᠳᠡᠭᠡᠷ᠎ᠡ ᠡᠴᠡ ᠤᠷᠢᠳᠴᠤ (ᠤᠷᠢᠲᠠᠵᠤ)ᠤᠴᠢᠷ ᠢ᠋ ᠨᠢ ᠣᠯᠤᠭᠠᠳ᠂ ᠳᠠ ᠯᠠᠮᠠ ᠶ᠋ᠢ ᠤᠷᠢᠶᠠᠩᠬᠠᠢ ᠶ᠋ᠢᠨ ᠬᠠᠷᠠᠭᠤᠯ ᠪᠠᠢᠴᠠᠭᠠᠨ ᠰᠢᠯᠭᠠᠬᠤ ᠠᠯᠪᠠᠨ ᠳ᠋ᠤ᠌ ᠲᠣᠮᠢᠯᠠᠨ ᠵᠠᠢᠯᠠᠭᠤᠯᠤᠭᠠᠳ᠂ ᠭᠣᠨᠴᠣᠭᠳᠠᠮᠪᠠ ᠸᠠᠩ ᠢ᠋ ᠬᠠᠮᠲᠤ ᠶᠠᠪᠤᠭᠤᠯᠤᠭᠰᠠᠨ ᠨᠢ ᠯᠠᠮᠠ ᠳ᠋ᠤ᠌ ᠵᠠᠮ  ᠳ᠋ᠤ᠌ ᠨᠢ ᠪᠠᠯᠭᠤᠯᠵᠤ ᠣᠷᠬᠢᠭᠰᠠᠨ ᠶᠤᠮ ᠭᠡᠨ᠎ᠡ ᠪᠢᠯᠡ ᠭᠡᠵᠦ ᠯᠣᠣᠵᠠᠩ ᠤ᠋ᠨ ᠬᠡᠯᠡᠬᠦ ᠳ᠋ᠦ᠍᠂  
       — ᠢᠩᠭᠢᠭᠡᠳ? 
       — ᠢᠩᠭᠢᠭᠡᠳ ᠶᠠᠭᠠᠬᠢᠬᠤ ᠪᠣᠢ ᠳᠠ᠃ ᠳ᠋ᠠ ᠯᠠᠮᠠ ᠶ᠋ᠢ ᠠᠷᠬᠠᠭ ᠡᠪᠡᠳᠴᠢᠨ ᠬᠥᠳᠡᠯᠵᠦ ᠵᠠᠮ ᠳ᠋ᠤ᠌ ᠨᠠᠰᠤ ᠪᠠᠷᠠᠪᠠ ᠭᠡᠵᠦ ᠵᠠᠷᠯᠠᠭᠠᠳ᠂ ᠭᠠᠰᠢᠭᠤᠳᠠᠯ ᠶᠣᠰᠣᠯᠠᠯ ᠭᠦᠢᠴᠡᠳᠬᠡᠪᠡ᠂ ᠤᠯᠤᠰ ᠲᠥᠷᠥ ᠳ᠋ᠦ᠍ ᠵᠢᠳᠬᠦᠭᠰᠡᠨ ᠭᠠᠪᠢᠶ᠎ᠠ ᠶ᠋ᠢ ᠨᠢ ᠥᠷᠭᠡᠨ ᠮᠠᠨᠳᠤᠭᠤᠯᠤᠭᠠᠳ᠂ ᠭᠠᠨᠳᠠᠩ ᠤ᠋ᠨ ᠯᠠᠮᠠ ᠨᠠᠷ᠂ ᠪᠣᠭᠳᠠ ᠶ᠋ᠢᠨ ᠵᠠᠷᠯᠢᠭ ᠢ᠋ᠶ᠋ᠠᠷ ᠳᠠ ᠯᠠᠮᠠ ᠶ᠋ᠢᠨ ᠬᠣᠢᠨ᠎ᠠ ᠠ᠋ᠴᠠ ᠶᠡᠬᠡ ᠪᠤᠶᠠᠨ ᠨᠣᠮ ᠬᠢᠵᠦ᠂ ᠭᠣᠨᠴᠣᠭᠳᠠᠮᠪᠠ ᠸᠠᠩ ᠢ᠋᠂ ᠳᠡ ᠯᠠᠮᠠ ᠶ᠋ᠢᠨ ᠬᠦᠨᠳᠦ ᠡᠪᠡᠳᠴᠢᠨ ᠬᠥᠳᠡᠯᠬᠦ ᠦᠶᠡᠰ《ᠴᠢᠩ ᠬᠦ᠌ ᠰᠡᠳᠬᠢᠯ ᠢ᠋ᠶ᠋ᠡᠷ》 ᠰᠤᠪᠢᠯᠠᠭᠰᠠᠨ ᠵᠢᠳᠬᠦᠯ ᠢ᠋ ᠵᠠᠷᠯᠢᠭ ᠢ᠋ᠶ᠋ᠠᠷ ᠲᠡᠮᠳᠡᠭᠯᠡᠵᠦ ᠵᠡᠷᠭᠡ ᠳᠡᠪᠰᠢᠭᠦᠯᠦᠭᠰᠡᠨ ᠶᠦᠮ ᠭᠡᠨ᠎ᠡ ᠪᠢᠯᠡ᠃ ᠳᠡᠭᠡᠭᠦᠷ ᠢ᠋ᠶ᠋ᠡᠨ ᠢᠩᠭᠢᠳᠡᠭ ᠪᠠᠢᠨ᠎ᠠ ᠰᠢᠦ ᠭᠡᠵᠦ ᠯᠣᠣᠵᠠᠩ ᠤ᠋ᠨ ᠬᠡᠯᠡᠬᠦ ᠳ᠋ᠦ᠍᠂ ᠲᠡᠷᠡ ᠬᠡᠳᠦᠨ ᠥᠲᠡᠭᠦᠰ ᠦ᠋ᠨ ᠨᠢᠭᠡ ᠨᠢ ᠰᠢᠷᠴᠢᠨ ᠦ᠌ ᠵᠦᠭ ᠬᠠᠨᠳᠤᠵᠤ᠂ 
       — ᠬᠦᠦ ᠮᠢᠨᠢ ᠴᠢ ᠰᠠᠢ᠍ᠢ(ᠰᠠᠶᠢ) ᠶ᠋ᠢᠨ ᠰᠣᠨᠣᠰᠤᠭᠰᠠᠨ ᠢ᠋ ᠬᠠᠮᠢᠶ᠎ᠠ ᠦᠭᠡᠢ ᠬᠥᠮᠦᠨ ᠳ᠋ᠦ᠍ ᠶᠠᠷᠢᠵᠤ᠂ ᠡᠪᠦᠭᠡᠨ ᠯᠣᠣᠵᠠᠩ ᠢ᠋ ᠪᠠᠩᠵᠠᠳᠠᠭᠤᠯᠬᠤ ᠶᠠᠯ᠎ᠠ ᠳ᠋ᠤ᠌ ᠪᠢᠲᠡᠭᠡᠢ ᠤᠨᠠᠭᠠᠭᠠᠷᠠᠢ ᠭᠡᠪᠡᠯ᠂ 
       — ᠠ᠂ ᠶᠠᠭᠠᠬᠢᠯ᠎ᠠ ᠭᠡᠵᠦ ᠪᠢ ᠲᠡᠭᠡᠬᠦ ᠪᠣᠢ? ᠮᠢᠨᠦ ᠨᠢᠳᠦ ᠨᠡᠭᠡᠭᠡᠵᠦ᠂ ᠤᠴᠢᠷ ᠤᠳᠬ᠎ᠠ ᠲᠠᠨᠢᠭᠤᠯᠵᠤ ᠥᠭᠭᠦᠭᠰᠡᠨ ᠲᠠ ᠪᠦᠬᠦᠨ ᠦ᠌ ᠰᠤᠷᠭᠠᠯ ᠳ᠋ᠤ᠌ ᠶᠡᠬᠡᠯ᠎ᠡ ᠪᠠᠶᠠᠷᠯᠠᠯ᠎ᠠ᠂ ᠪᠢ ᠦᠨᠡᠬᠡᠷ ᠵᠢᠩᠰᠡ ᠤᠲᠤᠭᠠᠨ ᠳ᠋ᠠᠭᠠᠨ ᠰᠠᠭᠰᠠᠢᠵᠤ᠂ ᠪᠡᠶ᠎ᠡ ᠪᠡᠨ ᠨᠣᠶᠠᠨ ᠰᠢᠭ᠋ ᠪᠣᠯᠤᠯ᠎ᠠ ᠭᠡᠵᠦ ᠶᠠᠪᠤᠭᠰᠠᠨ ᠪᠢᠯᠡ ᠭᠡᠵᠡᠢ᠃ 


       ᠦᠰᠦᠭ ᠠᠮᠢᠯᠠᠭᠤᠯᠤᠭᠴᠢ᠄ ᠤᠢᠭᠤᠷᠵᠢᠨ· ᠣᠳᠬᠣᠨᠪᠠᠪᠠ᠂ ᠲᠠᠪᠤᠨ ᠤᠰᠤ᠂ ᠣᠶᠤᠨᠪᠠᠲᠤ᠂ ᠬᠡᠷᠡᠢᠳ· ᠵᠣᠯ᠂ ᠣᠶᠤᠨᠪᠢᠯᠢᠭ᠌ 
           ᠬᠢᠨᠠᠭᠴᠢ᠄ ᠮᠧᠢ ᠬᠤᠸᠠ᠂ ᠣᠳᠬᠣᠨᠴᠡᠴᠡᠭ᠂ ᠣᠶᠤᠨᠪᠠᠲᠤ᠂ ᠪᠠᠯ 
            ᠤᠩᠰᠢᠭᠴᠢ᠄ ᠨᠠᠰᠤᠨ᠌ᠦ᠌ᠯᠵᠡᠢ