ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠨᠢᠭᠡ> Хан мунын сүүрс < доорд > – Мөнх зохиоов ᠂ Гутгаар бодь – Гуравдугаар бүлэг <1> ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠨᠢᠭᠡ> Хан мунын сүүрс < доорд > – Мөнх зохиоов ᠂ Гутгаар бодь – Гуравдугаар бүлэг <1>

ᠬᠠᠨ ᠮᠤᠨᠠ ᠶᠢᠨ ᠰᠡᠭᠦᠷᠡᠰᠦ <ᠳᠣᠣᠷᠠᠳᠤ> – ᠮᠥᠩᠬᠡ ᠵᠣᠬᠢᠶᠠᠪᠠ ᠂ ᠭᠤᠲᠠᠭᠠᠷ ᠪᠣᠲᠢ – ᠭᠤᠷᠪᠠᠳᠤᠭᠠᠷ ᠪᠦᠯᠦᠭ <ᠨᠢᠭᠡ> Хан мунын сүүрс < доорд > – Мөнх зохиоов ᠂ Гутгаар бодь – Гуравдугаар бүлэг <1>

ᠠᠩᠭᠢᠯᠠᠯ:ᠲᠤᠭᠤᠵᠢ ᠷᠣᠮᠠᠨ
2025-01-28

322

ᠭᠤᠲᠠᠭᠠᠷ ᠪᠣᠲᠢ – ᠭᠤᠷᠪᠠᠳᠤᠭᠠᠷ ᠪᠦᠯᠦᠭ <ᠨᠢᠭᠡ>

 
                   ᠨᠢᠭᠡ        

       ᠰᠢᠷ᠎ᠠ ᠴᠡᠷᠢᠭ ᠦ᠋ᠨ ᠨᠣᠶᠠᠨ ᠠᠭᠸᠠᠩ ᠮᠤᠨᠠ ᠠᠭᠤᠯᠠ ᠶ᠋ᠢᠨ ᠲᠤᠤᠨᠠᠨ ᠬᠠᠳᠠᠨ ᠠ᠋ᠴᠠ ᠤᠨᠠᠵᠤ ᠦᠬᠦᠭᠰᠡᠨ ᠳ᠋ᠦ᠍ ᠰᠢᠷ᠎ᠠ ᠴᠡᠷᠢᠭ ᠦ᠋ᠨ ᠬᠢᠨ ᠨᠢᠭᠡ ᠯᠡ ᠵᠢᠷᠦᠬᠡ ᠨᠢ ᠦᠬᠦᠵᠦ ᠮᠠᠭᠤ ᠵᠦᠩ ᠦ᠋ᠨ ᠰᠦᠵᠢᠭ ᠡᠪᠦᠷᠯᠡᠨ ᠪᠠᠷᠠᠭᠤᠨ ᠬᠦᠩ ᠦ᠋ᠨ ᠬᠢᠵᠠᠭᠠᠷ ᠠ᠋ᠴᠠ ᠴᠡᠷᠢᠭ ᠮᠣᠷᠢ ᠪᠠᠨ ᠲᠠᠲᠠᠵᠤ ᠨᠢᠭᠡᠬᠡᠨ ᠰᠥᠨᠢ ᠶ᠋ᠢᠨ ᠬᠣᠭᠣᠷᠣᠨᠳᠣ ᠠᠯᠠᠭ᠎ᠠ ᠪᠣᠯᠵᠠᠢ᠃ 
       ᠰᠢᠷ᠎ᠠ ᠴᠡᠷᠢᠭ ᠦ᠋ᠨ ᠰᠢᠮᠠᠷᠠᠭᠰᠠᠨ ᠨᠢ ᠡᠯᠳᠡᠩᠭᠡ ᠶ᠋ᠢᠨ ᠥᠮᠥᠭ ᠲᠦᠰᠢᠭ ᠨᠢ ᠨᠤᠷᠠᠭᠰᠠᠨ ᠶᠠᠭᠤᠮ᠎ᠠ ᠪᠣᠯᠵᠤ ᠪᠤᠬᠢᠨᠢᠳᠤᠯ ᠤ᠋ᠨ ᠮᠠᠨᠠᠨ ᠲᠡᠭᠦᠨ ᠦ᠌ ᠪᠡᠶ᠎ᠡ ᠶ᠋ᠢ ᠣᠷᠢᠶᠠᠨ᠎ᠠ᠃ 
       ᠡᠯᠳᠡᠩᠭᠡ ᠶ᠋ᠢᠨ ᠥᠳᠬᠡᠨ ᠬᠠᠷ᠎ᠠ ᠬᠥᠮᠥᠰᠬᠡ ᠨᠢ ᠮᠣᠭᠠᠢ ᠣᠷᠢᠶᠠᠯᠳᠤᠭᠰᠠᠨ ᠰᠢᠭ᠋ ᠲᠣᠭᠰᠢᠨ ᠢ᠋ᠶ᠋ᠠᠷ ᠵᠠᠩᠭᠢᠳᠴᠤ ᠴᠢᠷᠠᠢ ᠨᠢ ᠪᠣᠷᠣᠯᠠᠨ᠎ᠠ᠃ 
       — ᠡᠪᠦᠭᠡᠨ ᠲᠤᠰᠠᠯᠠᠭᠴᠢ ᠲᠠ ᠠᠮᠤᠷ ᠰᠠᠢᠬᠠᠨ ᠰᠠᠭᠠᠲᠠᠵᠤ ᠪᠠᠢᠨ᠎ᠠ ᠤᠤ? ᠭᠡᠳ ᠨᠢᠭᠡ ᠬᠥᠮᠦᠨ ᠭᠠᠵᠠᠷ ᠴᠥᠮᠥᠷᠡᠴᠢᠬᠡᠬᠦ ᠡᠴᠡ ᠠᠶᠤᠭᠰᠠᠨ ᠰᠢᠭ᠋ ᠬᠥᠩᠭᠡᠨ ᠠᠯᠬᠤᠵᠤ ᠣᠷᠣᠵᠤ ᠢᠷᠡᠭᠰᠡᠨ ᠢ᠋ ᠡᠯᠳᠡᠩᠭᠡ ᠠᠵᠢᠭᠰᠠᠨ ᠦᠭᠡᠢ᠃ ᠬᠠᠷᠠᠬᠤᠯ᠎ᠠ ᠬᠦᠩ ᠨᠣᠶᠠᠨ ᠠᠮᠤᠷᠰᠠᠨᠠᠭ᠎ᠠ ᠪᠠᠢᠭᠰᠠᠨ ᠠᠵᠤᠭᠤ᠃ 
       — ᠣ! ᠬᠦᠩ ᠨᠣᠶᠠᠨᠲᠠᠨ ᠪᠠᠢᠭᠰᠠᠨ ᠶᠤᠮ ᠤᠤ? ᠠᠮᠤᠷ ᠰᠠᠢᠨ⁈ ᠭᠡᠵᠦ ᠡᠯᠳᠡᠩᠭᠡ ᠬᠠᠷᠢᠭᠤ ᠮᠡᠨᠳᠦᠯᠡᠭᠡᠳ《ᠰᠠᠭᠤ᠂ ᠰᠠᠭᠤ! ᠨᠠᠭᠠᠰᠢ ᠪᠠᠨ  ᠰᠠᠭᠤᠭᠠᠴᠢ!》 ᠭᠡᠵᠦ ᠵᠤᠵᠠᠭᠠᠨ ᠣᠯᠪᠣᠭ ᠲᠠᠢ ᠵᠥᠭᠡᠯᠡᠨ ᠢᠰᠡᠷᠢ ᠵᠦᠭ ᠵᠢᠭᠠᠨ ᠰᠠᠭᠤᠳᠠᠯ ᠬᠠᠢᠷᠠᠯᠠᠪᠠ᠃ 
       ᠬᠦᠩ ᠨᠣᠶᠠᠨᠲᠠᠨ ᠠᠮᠤᠷᠰᠠᠨᠠᠭ᠎ᠠ ᠵᠥᠭᠡᠯᠡᠨ ᠢᠰᠡᠷᠢ ᠶ᠋ᠢᠨ ᠢᠷᠮᠡᠭ ᠪᠠᠷᠢᠵᠤ ᠮᠥᠴᠢᠳᠬᠡᠨ ᠰᠠᠭᠤᠭᠠᠳ᠄  
       — ᠣᠳᠣ ᠶᠠᠭᠠᠬᠢᠨ᠎ᠠ ᠪᠣᠢ? ᠡᠪᠦᠭᠡᠨ ᠲᠤᠰᠠᠯᠠᠭᠴᠢ ᠭᠤᠸᠠᠢ ᠠ᠋⁈᠁ ᠭᠡᠳ ᠬᠣᠶᠠᠷ ᠭᠠᠷ ᠢ᠋ᠶ᠋ᠠᠨ ᠨᠤᠬᠤᠯᠠᠨ ᠥᠷᠥᠵᠦ᠂ ᠠᠷᠭ᠎ᠠ ᠨᠢ ᠪᠠᠷᠠᠭᠳᠠᠭᠰᠠᠨ ᠬᠡᠦᠬᠡᠳ ᠰᠢᠭ ᠡᠯᠳᠡᠩᠭᠡ ᠶ᠋ᠢᠨ ᠴᠢᠷᠠᠢ ᠶ᠋ᠢ ᠴᠣᠷᠭᠢᠨ ᠰᠢᠷᠲᠡᠬᠦ ᠨᠢ ᠲᠡᠭᠦᠨ ᠡᠴᠡ ᠶᠠᠭᠤ ᠨᠢᠭᠡ ᠶ᠋ᠢ ᠭᠣᠷᠢᠳᠠᠬᠤ ᠰᠢᠭ᠋ ᠬᠥᠭᠡᠷᠦᠬᠦᠢᠯᠡᠯᠲᠡᠢ ᠬᠠᠷᠠᠭᠳᠠᠨ᠎ᠠ᠃  
       — ᠬᠦᠩ ᠨᠣᠶᠠᠨᠲᠠᠨ ᠲᠠ᠂ ᠶᠠᠮᠠᠷ ᠤᠴᠢᠷ ᠲᠤ ᠡᠢᠨ ᠬᠦ᠌ ᠰᠡᠳᠬᠢᠯ ᠴᠢᠯᠡᠭᠡᠨ ᠵᠣᠪᠠᠬᠤ ᠳ᠋ᠠᠭᠠᠨ᠁ ᠭᠡᠵᠦ ᠡᠯᠳᠡᠩᠭᠡ ᠶ᠋ᠢ ᠬᠡᠯᠡᠲᠡᠯ᠎ᠡ ᠬᠦᠩ ᠨᠣᠶᠠᠨ ᠠᠮᠤᠷᠰᠠᠨᠠᠭ᠎ᠠ ᠦᠭᠡ ᠲᠣᠰᠴᠤ᠄  
       — ᠰᠢᠷ᠎ᠠ ᠴᠡᠷᠢᠭ᠂ ᠦᠭᠡᠢ᠃ ᠪᠠᠭ᠎ᠠ ᠬᠠᠲᠤᠨ ᠪᠠᠷᠠᠭᠤᠨ ᠬᠦᠩ ᠦ᠋ᠨ ᠶᠠᠮᠤᠨ ᠳ᠋ᠠᠭᠠᠨ ᠪᠤᠴᠠᠵᠤ ᠢᠷᠡᠬᠦ ᠴᠢᠮᠡᠭᠡ ᠲᠡᠢ᠁ ᠭᠡᠰᠡᠨ ᠳ᠋ᠦ᠍ ᠡᠯᠳᠡᠩᠭᠡ᠄  
       — ᠮᠥᠨ ᠡᠨᠡᠬᠡᠨ ᠤᠴᠢᠷ ᠲᠤ ᠤᠤ? 
       — ᠲᠡᠢᠮᠦ! 
       — ᠡᠨᠡᠬᠡᠨ ᠤᠴᠢᠷ ᠲᠤ ᠬᠦᠩ ᠨᠣᠶᠠᠨᠲᠠᠨ ᠲᠠ ᠰᠠᠨᠠᠭ᠎ᠠ ᠠᠮᠤᠷ! ᠣᠷᠳᠣᠨ ᠳ᠋ᠠᠭᠠᠨ ᠪᠤᠴᠠᠵᠤ᠂ ᠣᠯᠪᠣᠭ ᠢ᠋ᠶ᠋ᠠᠨ ᠳᠠᠷᠤᠭᠠᠳ ᠰᠠᠨᠠᠭ᠎ᠠ ᠠᠮᠤᠷ ᠰᠠᠭᠤᠵᠤ ᠪᠣᠢ! ᠤᠴᠢᠷ ᠤᠬᠠᠭᠠᠨ ᠨᠢ ᠠᠶᠠᠨᠳᠠᠭᠠᠨ ᠣᠯᠳᠠᠬᠤ ᠪᠠᠢᠯᠭᠦᠢ ᠭᠡᠰᠡᠨ ᠳ᠋ᠦ᠍ ᠬᠦᠩ ᠨᠣᠶᠠᠨᠲᠠᠨ ᠠᠮᠤᠷᠰᠠᠨᠠᠭ᠎ᠠ《ᠵᠠ!》 ᠭᠡᠳ ᠪᠣᠰᠴᠤ ᠡᠭᠦᠳᠡ ᠳᠥᠭᠥᠪᠡ᠃ 
       ᠰᠢᠷ᠎ᠠ ᠬᠣᠷᠭᠣᠢ ᠲᠡᠷᠯᠢᠭ ᠨᠢ ᠲᠣᠮᠣᠳᠠᠵᠤ ᠬᠡᠯᠬᠡᠩ ᠬᠣᠯᠬᠣᠩ ᠭᠡᠰᠡᠨ ᠢ᠋ ᠬᠡᠯᠡᠬᠦ ᠦᠭᠡᠢ ᠮᠤᠤᠷ ᠰᠢᠭ᠋ ᠰᠠᠮᠪᠠᠭ ᠰᠠᠮᠪᠠᠭ ᠭᠡᠵᠦ ᠪᠣᠷᠪᠢ ᠱᠦᠷᠭᠦᠭᠡᠨ ᠰᠡᠮᠬᠡᠨ ᠠᠯᠬᠤᠬᠤ ᠠᠮᠤᠷᠰᠠᠨᠠᠭ᠎ᠠ ᠶ᠋ᠢᠨ ᠠᠷᠤ ᠠ᠋ᠴᠠ ᠬᠠᠷᠠᠵᠤ ᠵᠣᠭᠰᠣᠭᠰᠠᠨ ᠡᠯᠳᠡᠩᠭᠡ《ᠪᠠᠷᠠᠭᠤᠨ ᠬᠦᠩ ᠦ᠋ᠨ ᠲᠩᠷᠢ ᠨᠤᠷᠠᠬᠤ ᠳ᠋ᠤ᠌ ᠡᠯᠳᠡᠩᠭᠡ ᠲᠤᠯᠤᠭᠠᠳ ᠠᠪᠬᠤ ᠲᠠᠷ ᠪᠠᠢᠬᠤ ᠠ᠋ᠴᠠ ᠪᠢᠰᠢ ᠴᠢᠮ᠎ᠠ ᠳ᠋ᠤ᠌ ᠲᠡᠢᠮᠦ ᠲᠠᠷ ᠪᠠᠢᠬᠤ ᠪᠢᠰᠢ ᠳᠡ》 ᠭᠡᠵᠦ ᠥᠪᠡᠷ ᠢ᠋ᠶ᠋ᠡᠨ ᠴᠦ᠍ ᠦᠯᠦ ᠰᠣᠨᠣᠰᠳᠠᠮ᠎ᠠ ᠳᠦᠳᠦᠨᠡᠭᠡᠳ ᠣᠷᠣᠨ ᠳ᠋ᠠᠭᠠᠨ ᠡᠷᠭᠢᠵᠦ ᠰᠠᠭᠤᠪᠠ᠃ 
       ᠡᠯᠳᠡᠩᠭᠡ ᠶ᠋ᠢᠨ ᠵᠠᠯᠢ ᠨᠢᠭᠤᠭᠳᠠᠭᠰᠠᠨ ᠨᠢᠳᠦᠨ ᠳ᠋ᠦ᠍ ᠪᠠᠷᠤᠭ ᠤ᠋ᠨ ᠬᠥᠮᠦᠨ ᠡᠯᠭᠦᠭᠳᠡᠬᠦ ᠦᠭᠡᠢ᠃ ᠭᠠᠭᠴᠠ ᠬᠦ᠌ ᠵᠣᠳᠪᠠ ᠶ᠋ᠢᠨ ᠤᠪ  ᠤᠬᠠᠭᠠᠨ᠂ ᠤᠷᠠᠨ ᠬᠣᠩᠰᠢᠶᠠᠷ ᠨᠢ ᠲᠡᠭᠦᠨ ᠳ᠋ᠦ᠍ ᠦᠯᠡᠮᠵᠢ ᠲᠠᠭᠠᠯᠠᠭᠳᠠᠳᠠᠭ ᠪᠠᠢᠨ᠎ᠠ᠃ ᠵᠣᠳᠪᠠ ᠮᠡᠢᠷᠡᠨ ᠦ᠌ ᠠᠯᠲᠠᠨ ᠰᠣᠶᠣᠭᠠᠲᠤ ᠮᠣᠷᠢᠨ ᠴᠠᠭᠠᠨ ᠰᠢᠳᠦ ᠢᠷᠠᠯᠵᠠᠨ ᠢᠨᠢᠶᠡᠬᠦ ᠪᠣᠯᠭᠠᠨ ᠨᠢᠭᠡ ᠤᠬᠠᠭᠠᠨ ᠭᠠᠷᠴᠤ᠂ ᠡᠯᠳᠡᠩᠭᠡ ᠶ᠋ᠢᠨ ᠴᠢᠬᠢ ᠪᠡᠷ ᠳᠡᠮᠵᠢᠵᠦ ᠯᠠᠪᠳᠠᠭᠤᠬᠠᠨ ᠰᠢᠭᠰᠢᠭᠦᠯᠦᠭᠡᠳ ᠨᠢᠭᠡ ᠶᠠᠭᠤᠮ᠎ᠠ ᠪᠦᠲᠦᠬᠦ ᠲᠥᠯᠥᠪ ᠭᠠᠷᠳᠠᠭ ᠠᠵᠤᠭᠤ᠃  
       ᠵᠣᠳᠪᠠ ᠶ᠋ᠢ ᠳᠠᠭᠤᠳᠠᠭᠤᠯᠤᠭᠰᠠᠨ ᠳ᠋ᠤ᠌ ᠵᠣᠳᠪᠠ ᠳᠣᠣᠷ᠎ᠠ ᠪᠠᠨ ᠣᠷᠣᠵᠤ ᠢᠷᠡᠨ ᠬᠣᠶᠠᠭᠤᠯᠠ ᠶᠡᠬᠡ ᠯᠡ ᠰᠡᠳᠬᠢᠯ ᠲᠠᠭᠠᠷᠠᠨ ᠨᠢᠭᠡ ᠶᠠᠭᠤᠮ᠎ᠠ ᠰᠢᠪᠡᠨᠡᠯᠳᠦᠨ᠎ᠡ᠃ 
       — ᠪᠠᠭ᠎ᠠ ᠬᠠᠲᠤᠨ ᠪᠠᠷᠠᠭᠤᠨ ᠬᠦᠩ ᠦ᠋ᠨ ᠶᠠᠮᠤᠨ ᠳ᠋ᠠᠭᠠᠨ ᠪᠤᠴᠠᠵᠤ ᠢᠷᠡᠬᠦ ᠰᠤᠷᠠᠭ ᠲᠠᠢ ᠪᠠᠢᠨ᠎ᠠ᠃ 
       — ᠬᠠᠷᠢᠨ ᠲᠡᠭᠡᠭᠰᠡᠨ! ᠰᠠᠶᠢ ᠬᠦᠩ ᠨᠣᠶᠠᠨᠲᠠᠨ ᠠᠮᠤᠷᠰᠠᠨᠠᠭ᠎ᠠ ᠭᠤᠸᠠᠢ ᠣᠷᠣᠵᠤ ᠢᠷᠡᠭᠡᠳ ᠨᠢᠭᠡ ᠶᠠᠭᠤᠮ᠎ᠠ ᠪᠤᠪᠠᠲᠤᠨᠠᠵᠤ《 ᠣᠳᠣ ᠶᠠᠭᠠᠬᠢᠨ᠎ᠠ ᠪᠣᠢ?》 ᠭᠡᠬᠦ ᠶᠦᠮ! 
       — ᠲᠡᠭᠡᠨ᠎ᠡ ᠠ᠋᠂ ᠲᠡᠭᠡᠨ᠎ᠡ᠃ ᠲᠡᠭᠦᠨ ᠳ᠋ᠦ᠍ ᠮᠥᠨ《 ᠣᠳᠣ ᠶᠠᠭᠠᠬᠢᠨ᠎ᠠ ᠪᠣᠢ?》 ᠭᠡᠬᠦ ᠡᠴᠡ ᠥᠭᠡᠷ᠎ᠡ ᠶᠠᠭᠠᠬᠢᠬᠤ ᠪᠣᠢ ᠳᠠ ᠠ᠋! 
       — ᠪᠠᠭ᠎ᠠ ᠬᠠᠲᠤᠨ ᠢ᠋ ᠪᠠᠷᠠᠭᠤᠨ ᠬᠦᠩ ᠳ᠋ᠡᠭᠡᠨ ᠪᠤᠴᠠᠵᠤ ᠢᠷᠡᠬᠦ ᠳ᠋ᠦ᠍ᠨᠢ ᠪᠢᠳᠡ ᠣᠳᠣ ᠤᠭᠲᠤᠨ᠎ᠠ ᠤᠤ? ᠲᠤᠯᠤᠨ᠎ᠠ ᠤᠤ? 
       — ᠪᠢᠳᠡ ᠤᠭᠲᠤᠪᠠᠯ ᠲᠡᠷᠡ ᠤᠯᠠᠮ ᠣᠭᠰᠣᠢᠬᠤ ᠪᠠᠢᠬ᠎ᠠ!  
       — ᠲᠡᠭᠡᠪᠡᠯ ᠲᠤᠯᠤᠨ᠎ᠠ ᠤᠤ? ᠲᠤᠯᠵᠤ ᠪᠠᠢᠯᠳᠤᠨ᠎ᠠ ᠭᠡᠬᠦ ᠳ᠋ᠦ᠍ ᠲᠡᠷᠡ ᠴᠢᠨᠢ ᠴᠠᠭᠠᠨ᠎ᠠ ᠪᠠᠨ ᠸᠠᠩ ᠰᠣᠬᠣᠷ ᠤ᠋ᠨ ᠲᠦᠰᠢᠭ ᠲᠡᠢ! ᠰᠢᠷ᠎ᠠ ᠴᠡᠷᠢᠭ ᠤᠬᠤᠷᠢᠭᠰᠠᠨ ᠬᠣᠢᠨ᠎ᠠ ᠪᠢᠳᠡ ᠥᠮᠥᠭ ᠲᠦᠰᠢᠭ ᠢ᠋ᠶ᠋ᠡᠨ ᠠᠯᠳᠠᠴᠢᠬᠠᠭᠰᠠᠨ ᠶᠤᠮ ᠴᠢᠨᠢ᠁ 
       — ᠸᠠᠩ ᠰᠣᠬᠣᠷ ᠤ᠋ᠨ ᠬᠠᠷ᠎ᠠ ᠴᠡᠷᠢᠭ ᠲᠡᠭᠦᠨ ᠳ᠋ᠦ᠍ ᠲᠡᠢᠮᠦ ᠨᠠᠢᠳᠠᠪᠤᠷᠢᠲᠠᠢ ᠲᠦᠰᠢᠭ ᠪᠣᠯᠤᠨ᠎ᠠ ᠭᠡᠵᠢ ᠤᠤ? ᠬᠠᠢ ᠳᠠ᠂ ᠮᠡᠳᠡᠬᠦ ᠦᠭᠡᠢ᠃ ᠰᠣᠨᠣᠰᠬᠤ ᠳ᠋ᠤ᠌ ᠪᠠᠭ᠎ᠠ ᠬᠠᠲᠤᠨ ᠸᠠᠩ ᠰᠣᠬᠣᠷ ᠲᠠᠢ ᠡᠪᠳᠡᠷᠡᠯᠴᠡᠭᠡᠳ ᠪᠠᠷᠠᠭᠤᠨ ᠬᠦᠩ ᠳ᠋ᠡᠭᠡᠨ ᠪᠤᠴᠠᠬᠤ ᠰᠠᠨᠠᠭ᠎ᠠ ᠣᠷᠣᠯ᠎ᠠ ᠭᠡᠰᠡᠨ᠃  
       — ᠶᠠᠭᠤᠨ ᠠ᠋ᠴᠠ ᠡᠪᠳᠡᠷᠡᠯᠴᠡᠪᠡ? ᠨᠠᠷᠢᠨ ᠶᠠᠭᠤᠮᠠᠰ ᠳᠤᠭᠤᠯᠪᠠ ᠤᠤ? 
       — ᠭᠠᠵᠠᠷ ᠨᠤᠲᠤᠭ ᠤ᠋ᠨ ᠤᠴᠢᠷ᠃ ᠸᠠᠩ ᠰᠣᠬᠣᠷ ᠪᠠᠭ᠎ᠠ ᠬᠠᠲᠤᠨ ᠳ᠋ᠤ᠌ ᠭᠠᠪᠢᠶᠠᠷᠬᠠᠵᠤ᠂ ᠣᠷᠪᠣᠭ ᠤ᠋ᠨ ᠬᠣᠢᠲᠤ ᠵᠣ ᠠ᠋ᠴᠠ ᠤᠯᠠᠭᠠᠨ ᠡᠷᠭᠢ ᠬᠦᠷᠲᠡᠯ᠎ᠡ ᠭᠠᠵᠠᠷ ᠳᠡᠭᠡᠰᠦᠯᠡᠵᠦ ᠠᠪᠬᠤ ᠭᠡᠬᠦ ᠳ᠋ᠦ᠍ᠨᠢ ᠪᠠᠭ᠎ᠠ ᠬᠠᠲᠤᠨ ᠵᠥᠪᠰᠢᠶᠡᠷᠡᠭᠰᠡᠨ ᠦᠭᠡᠢ ᠭᠡᠨ᠎ᠡ᠃ 
       — ᠭᠠᠭᠴᠠ ᠡᠭᠦᠨ ᠡᠴᠡ ᠪᠢᠰᠢ ᠪᠠᠢᠬ᠎ᠠ᠃ ᠭᠣᠣᠯ ᠨᠢ ᠰᠢᠷ᠎ᠠ ᠴᠡᠷᠢᠭ ᠦ᠋ᠨ ᠤᠬᠤᠷᠢᠭᠰᠠᠨ ᠳ᠋ᠤ᠌ ᠪᠠᠷᠠᠭᠤᠨ ᠬᠦᠩ ᠦ᠋ᠨ ᠵᠠᠰᠠᠭ ᠲᠠᠮᠠᠭ᠎ᠠ ᠪᠠᠨ ᠰᠠᠨᠠᠭᠠᠷᠬᠠᠭᠰᠠᠨ ᠠ᠋ᠴᠠ ᠪᠣᠯᠤᠭᠰᠠᠨ ᠪᠠᠢᠯᠭᠦᠢ᠃ 
       — ᠠᠯᠢ ᠠᠯᠢᠨ ᠠ᠋ᠴᠠ ᠨᠢ ᠴᠦ᠍ ᠪᠠᠢᠵᠤ ᠪᠣᠯᠤᠨ᠎ᠠ᠃ ᠡᠨᠡ ᠪᠣᠯ ᠡᠷᠲᠡ ᠣᠷᠣᠢ ᠶ᠋ᠢᠨ ᠤᠴᠢᠷ᠃ ᠮᠢᠨᠦ ᠦᠵᠡᠬᠦ ᠪᠡᠷ ᠪᠢᠳᠡ ᠬᠦᠴᠦ ᠬᠦᠷᠦᠯᠴᠡᠬᠦ ᠳ᠋ᠦ᠍ ᠬᠦᠷᠪᠡᠯ ᠲᠤᠯᠬᠤ ᠶ᠋ᠢ ᠪᠣᠳᠣᠵᠤ ᠪᠣᠯᠤᠨ᠎ᠠ᠃ ᠪᠠᠭ᠎ᠠ ᠬᠠᠲᠤᠨ ᠪᠤᠴᠠᠵᠤ ᠢᠷᠡᠪᠡᠯ ᠮᠠᠨᠤᠰ ᠤ᠋ᠨ ᠵᠠᠶᠠᠭ᠎ᠠ ᠬᠠᠵᠠᠢᠨ᠎ᠠ ᠳᠠ! ᠲᠡᠢᠮᠦ ᠪᠢᠰᠢ ᠪᠣᠯ ᠪᠠᠭ᠎ᠠ ᠬᠠᠲᠤᠨ ᠢ᠋ ᠤᠭᠲᠤᠵᠤ ᠠᠪᠬᠤ ᠨᠢ ᠵᠦᠢ᠃ ᠤᠷᠢᠲᠠᠵᠤ ᠡᠪᠯᠡᠷᠡᠵᠦ ᠪᠠᠢᠭᠠᠳ ᠳᠠᠷᠠᠭ᠎ᠠ ᠨᠢ ᠶᠠᠭᠠᠬᠢᠬᠤ ᠪᠠᠨ ᠮᠡᠳᠡᠶ᠎ᠡ! ᠭᠡᠵᠦ ᠵᠣᠳᠪᠠ ᠬᠡᠯᠡᠭᠰᠡᠨ ᠳ᠋ᠦ᠍ ᠡᠯᠳᠡᠩᠭᠡ᠄  
       — ᠳᠡᠢᠯᠬᠦ ᠳᠡᠢᠯᠳᠡᠬᠦ ᠶ᠋ᠢᠨ ᠤᠴᠢᠷ ᠪᠢᠰᠢ! ᠬᠣᠭᠣᠷᠣᠨᠳᠣ ᠪᠠᠨ ᠲᠤᠯᠤᠯᠴᠠᠭᠠᠳ ᠬᠣᠬᠢᠷᠠᠳᠠᠭ ᠨᠢ ᠮᠥᠨ ᠯᠡ ᠮᠠᠯᠴᠢᠨ ᠠᠷᠠᠳ ᠰᠢᠳᠡ! ᠪᠠᠢᠳᠠᠯ ᠢ᠋ ᠬᠠᠷᠠᠭᠠᠳ ᠪᠠᠢᠬᠤ ᠳ᠋ᠤ᠌ ᠪᠠᠭ᠎ᠠ ᠬᠠᠲᠤᠨ ᠡᠨᠡ ᠤᠳᠠᠭ᠎ᠠ ᠵᠢᠪᠠᠷ ᠳᠡᠭᠡᠷ᠎ᠡ ᠵᠣᠭᠰᠣᠵᠤ ᠵᠠᠢ ᠡᠵᠡᠯᠡᠬᠦ ᠰᠢᠨᠵᠢ ᠲᠡᠢ᠃ ᠪᠢᠳᠡ ᠬᠡᠷᠰᠡᠦᠯᠡᠬᠦ ᠦᠭᠡᠢ ᠪᠣᠯ ᠵᠠᠢᠳᠠᠩ ᠮᠣᠷᠢ ᠵᠠᠢᠳᠠᠯᠠᠭᠠᠳ ᠵᠠᠢᠳᠠᠬᠤ ᠵᠠᠢ ᠦᠭᠡᠢ ᠪᠣᠯᠵᠤ ᠮᠡᠳᠡᠨ᠎ᠡ ᠰᠢᠦ᠃ 
       — ᠵᠥᠪ! ᠵᠥᠭᠡᠯᠡᠨ ᠨᠢ ᠬᠠᠲᠠᠭᠤ ᠪᠠᠨ ᠢᠳᠡᠨ᠎ᠡ ᠭᠡᠳᠡᠭ ᠢ᠋ᠶ᠋ᠡᠷ ᠪᠢᠳᠡ ᠤᠷᠢᠳ ᠢ᠋ᠶ᠋ᠠᠷ ᠨᠠᠢᠷ ᠲᠠᠯᠪᠢᠶ᠎ᠠ! ᠲᠡᠭᠡᠬᠦ ᠳ᠋ᠦ᠍ ᠤᠬᠠᠭᠠᠨ ᠨᠢ ᠣᠯᠳᠠᠬᠤ ᠪᠠᠢᠯᠭᠦᠢ᠃ 
       — ᠪᠠᠭ᠎ᠠ ᠬᠠᠲᠤᠨ ᠭᠠᠵᠠᠷ ᠰᠢᠷᠣᠢ ᠨᠤᠲᠤᠭ ᠪᠡᠯᠴᠢᠭᠡᠷ ᠦ᠋ᠨ ᠤᠴᠢᠷ ᠲᠤ ᠸᠠᠩ ᠰᠣᠬᠣᠷ ᠲᠠᠢ ᠮᠠᠭᠤᠳᠠᠯᠴᠠᠭᠰᠠᠨ ᠳᠡᠯᠢᠮ ᠢ᠋ ᠠᠰᠢᠭᠯᠠᠵᠤ᠂《ᠪᠠᠭ᠎ᠠ ᠬᠠᠲᠤᠨ ᠬᠣᠰᠢᠭᠤ ᠨᠤᠲᠤᠭ ᠤ᠋ᠨ ᠢ᠋ᠶ᠋ᠠᠨ ᠨᠤᠲᠤᠭ ᠪᠡᠯᠴᠢᠭᠡᠷ ᠢ᠋ᠶ᠋ᠡᠨ ᠬᠠᠮᠠᠭᠠᠯᠠᠭᠰᠠᠨ ᠤᠴᠢᠷ ᠲᠤ ᠪᠠᠷᠠᠭᠤᠨ ᠬᠦᠩ ᠦ᠋ᠨ ᠬᠢᠨ ᠳᠠᠶᠠᠭᠠᠷ ᠢ᠋ᠶ᠋ᠠᠨ ᠪᠠᠶᠠᠷᠯᠠᠵᠤ ᠪᠠᠢᠨ᠎ᠠ》 ᠭᠡᠵᠦ ᠲᠡᠭᠦᠨ ᠢ᠋ ᠮᠠᠯᠠᠭᠠᠢᠳᠠᠨ ᠤᠭᠲᠤᠵᠤ ᠦᠪᠡᠳᠡᠭᠰᠢ ᠶᠡᠬᠡ ᠳᠠᠢᠯᠠᠯᠭ᠎ᠠ ᠬᠢᠶ᠎ᠡ᠃ ᠪᠢ ᠡᠨᠳᠡᠬᠢ ᠳᠠᠢᠯᠠᠯᠭ᠎ᠠ ᠶ᠋ᠢᠨ ᠶᠠᠪᠤᠳᠠᠯ ᠢ᠋ ᠪᠠᠵᠠᠭᠠᠶ᠎ᠠ! ᠴᠢ ᠶᠠᠪᠤᠵᠤ ᠪᠠᠭ᠎ᠠ ᠬᠠᠲᠤᠨ ᠲᠠᠢ ᠤᠷᠢᠳ ᠢ᠋ᠶ᠋ᠠᠷ ᠵᠣᠯᠭᠠᠵᠤ ᠡᠨᠡ ᠡᠨᠡ ᠰᠠᠨᠠᠭ᠎ᠠ ᠶ᠋ᠢ ᠤᠷᠠᠯᠠᠨ ᠬᠢ! ᠭᠡᠰᠡᠨ ᠳ᠋ᠦ᠍ ᠵᠣᠳᠪᠠ ᠬᠡᠭ ᠬᠡᠭ ᠢᠨᠢᠶᠡᠨ《ᠡᠴᠦᠰ ᠦ᠋ᠨ ᠡᠴᠦᠰ ᠲᠦ᠍ ᠬᠠᠭᠤᠴᠢᠨ ᠫᠤᠤ ᠶ᠋ᠢᠨ ᠬᠤᠭᠤᠷᠬᠠᠢ ᠰᠢᠳᠡ!》 ᠭᠡᠵᠦ ᠡᠯᠳᠡᠩᠭᠡ ᠳ᠋ᠦ᠍ ᠢᠨᠢᠶᠡᠳᠦ ᠱᠠᠩᠨᠠᠭᠠᠳ ᠭᠠᠷᠴᠤ ᠶᠠᠪᠤᠪᠠ᠃ 
       ᠸᠠᠩ ᠰᠣᠬᠣᠷ ᠤ᠋ᠨ ᠨᠥᠮᠥᠷᠢ ᠳ᠋ᠦ᠍ ᠪᠠᠭᠲᠠᠭᠰᠠᠨ ᠴᠦ᠍ ᠪᠣᠯᠤᠭ ᠬᠣᠭᠣᠷᠣᠨᠳᠣ ᠪᠠᠨ ᠮᠠᠭᠤᠳᠠᠯᠴᠠᠭᠰᠠᠨ ᠴᠦ᠍ ᠪᠣᠯᠤᠭ ᠶᠠᠭᠤ ᠴᠦ᠍ ᠭᠡᠰᠡᠨ ᠪᠠᠭ᠎ᠠ ᠬᠠᠲᠤᠨ ᠪᠠᠷᠠᠭᠤᠨ ᠬᠦᠩ ᠳ᠋ᠡᠭᠡᠨ ᠪᠤᠴᠠᠵᠤ ᠢᠷᠡᠬᠦ ᠭᠡᠰᠡᠨ ᠨᠢ ᠡᠯᠳᠡᠩᠭᠡ ᠳ᠋ᠦ᠍ ᠮᠠᠭᠤ ᠪᠠᠢᠬᠤ ᠠ᠋ᠴᠠ ᠰᠠᠢᠨ ᠦᠭᠡᠢ ᠨᠢ ᠯᠠᠪ᠃ ᠬᠡᠯᠲᠦᠰᠬᠢᠪᠡᠯ ᠡᠯᠳᠡᠩᠭᠡ ᠲᠣᠯᠣᠭᠠᠢ ᠤᠨᠠᠬᠤ ᠶᠠᠯ᠎ᠠ ᠲᠤᠯᠭᠠᠷᠠᠨ᠎ᠠ ᠭᠡᠳᠡᠭ ᠢ᠋ ᠲᠡᠷᠡ ᠠᠯᠢ ᠤᠵᠠᠭᠤᠷ ᠤ᠋ᠨ ᠮᠡᠳᠡᠵᠦ ᠪᠠᠢᠯ᠎ᠠ᠃ ᠬᠠᠰᠢᠷ ᠤ᠋ᠨ ᠮᠡᠬᠡ ᠠᠮᠢᠰᠬᠤᠯᠯᠠᠭᠰᠠᠨ ᠡᠯᠳᠡᠩᠭᠡ᠂ ᠵᠣᠳᠪᠠ ᠶ᠋ᠢ ᠡᠮᠦᠨ᠎ᠡ ᠪᠡᠨ ᠪᠠᠷᠢᠵᠤ ᠪᠠᠭ᠎ᠠ ᠬᠠᠲᠤᠨ ᠳ᠋ᠤ᠌ ᠬᠠᠳᠠᠭ ᠲᠡᠳᠡᠨ ᠵᠣᠯᠭᠠᠭᠤᠯᠵᠤ ᠨᠢᠭᠡ ᠲᠠᠯ᠎ᠠ ᠪᠠᠷ ᠪᠠᠭ᠎ᠠ ᠬᠠᠲᠤᠨ ᠢ᠋ ᠡᠷᠭᠦᠨ ᠮᠠᠭᠲᠠᠵᠤ᠂ ᠨᠥᠭᠦᠭᠡ ᠲᠠᠯ᠎ᠠ ᠪᠠᠷ ᠪᠡᠶ᠎ᠡ ᠪᠡᠨ ᠪᠤᠷᠤᠭᠤᠳᠬᠠᠵᠤ ᠬᠣᠭᠣᠷᠣᠨᠳᠣ ᠪᠠᠨ ᠡᠪᠰᠡᠬᠦ ᠵᠥᠪᠯᠡᠯᠭᠡ ᠠᠢᠯᠠᠳᠬᠠᠭᠤᠯᠤᠭᠰᠠᠨ ᠨᠢ ᠡᠨᠡ ᠪᠤᠶᠤ᠃
       ᠵᠣᠳᠪᠠ ᠪᠠᠭ᠎ᠠ ᠬᠠᠲᠤᠨ ᠲᠠᠢ ᠠᠭᠤᠯᠵᠠᠬᠤ ᠪᠠᠷ ᠮᠣᠷᠳᠠᠪᠠ᠃ 
       ᠪᠠᠭ᠎ᠠ ᠬᠠᠲᠤᠨ ᠬᠠᠩᠬᠠᠲᠢ ᠶ᠋ᠢᠨ ᠲᠡᠨᠳᠡ ᠡᠴᠡ ᠪᠠᠷᠠᠭᠤᠨ ᠬᠦᠩ ᠦ᠋ᠨ ᠬᠢᠨ ᠦ᠌ ᠰᠤᠷᠠᠭ ᠴᠢᠮᠡᠭᠡ ᠶ᠋ᠢ ᠠᠯᠳᠠᠯ ᠦᠭᠡᠢ ᠴᠢᠬᠢ ᠲᠠᠯᠪᠢᠨ ᠴᠢᠩᠨᠠᠵᠤ ᠪᠠᠢᠯ᠎ᠠ᠃ 
       ᠰᠢᠷ᠎ᠠ ᠴᠡᠷᠢᠭ ᠦ᠋ᠨ ᠠᠭᠸᠠᠩ ᠨᠣᠶᠠᠨ ᠮᠤᠨᠠ ᠠᠭᠤᠯᠠ ᠶ᠋ᠢᠨ ᠴᠡᠩᠬᠡᠷ ᠴᠣᠩᠬᠢᠶᠠᠯ ᠤ᠋ᠨ ᠮᠥᠩᠭᠥᠨ ᠳ᠋ᠦ᠍ ᠰᠢᠨᠤᠵᠤ ᠶᠠᠪᠤᠭᠠᠳ ᠲᠤᠤᠨᠠᠨ ᠬᠠᠳᠠᠨ ᠠ᠋ᠴᠠ ᠬᠡᠢᠰᠴᠦ ᠦᠬᠦᠭᠡᠳ ᠳᠡᠮᠡᠢ ᠤᠳᠠᠭᠰᠠᠨ ᠦᠭᠡᠢ ᠰᠢᠷ᠎ᠠ ᠴᠡᠷᠢᠭ ᠦ᠋ᠳ ᠲᠡᠨᠳᠡ ᠡᠴᠡ ᠤᠬᠤᠷᠢᠵᠤ ᠵᠡᠭᠦᠨᠰᠢᠯᠡᠯ᠎ᠡ ᠭᠡᠰᠡᠨ ᠴᠢᠮᠡᠭᠡ ᠪᠠᠭ᠎ᠠ ᠬᠠᠲᠤᠨ ᠤ᠋ ᠴᠢᠬᠢᠨ ᠳ᠋ᠦ᠍ ᠰᠠᠯᠬᠢ ᠰᠢᠭ᠋ ᠬᠤᠷᠳᠤᠨ ᠬᠦᠷᠴᠡᠢ᠃ 
       ᠪᠠᠭ᠎ᠠ ᠬᠠᠲᠤᠨ ᠰᠧᠯᠢᠩ ᠲᠥᠷᠥ ᠭᠦᠷᠦᠨ ᠦ᠌ ᠴᠠᠭ ᠤ᠋ᠨ ᠪᠠᠢᠳᠠᠯ ᠪᠠ ᠬᠣᠰᠢᠭᠤ ᠬᠦᠩ ᠦ᠋ᠨ ᠢ᠋ᠶ᠋ᠡᠨ ᠪᠠᠢᠳᠠᠯ ᠢ᠋ ᠢᠮᠠᠭᠲᠠ ᠠᠩᠬᠠᠷᠴᠤ ᠪᠠᠢᠭᠰᠠᠨ ᠲᠤᠯᠠ ᠪᠡᠶ᠎ᠡ ᠳ᠋ᠦ᠍ᠨᠢ ᠠᠰᠢᠭᠲᠠᠢ ᠴᠠᠭ ᠪᠣᠯᠤᠭᠰᠠᠨ ᠳ᠋ᠤ᠌ ᠳᠣᠲᠣᠷ᠎ᠠ ᠨᠢ ᠨᠤᠲᠤᠭ ᠲᠠᠭᠠᠨ ᠪᠤᠴᠠᠬᠤ ᠪᠣᠳᠣᠯ ᠤᠷᠭᠤᠵᠤ ᠪᠠᠢᠯ᠎ᠠ᠃ ᠨᠢᠭᠡ ᠡᠳᠦᠷ ᠸᠠᠩ ᠰᠣᠬᠣᠷ ᠪᠠᠭ᠎ᠠ ᠬᠠᠲᠤᠨ ᠢ᠋ ᠳᠠᠭᠤᠳᠠᠭᠤᠯᠪᠠ᠃ 
       ᠪᠠᠭ᠎ᠠ ᠬᠠᠲᠤᠨ ᠰᠧᠯᠢᠩ ᠸᠠᠩ ᠰᠣᠬᠣᠷ ᠤ᠋ᠨ ᠣᠷᠳᠣᠨ ᠳ᠋ᠤ᠌ ᠣᠷᠣᠵᠤ ᠣᠴᠢᠪᠠᠯ ᠸᠠᠩ ᠰᠣᠬᠣᠷ ᠠᠯᠢ ᠬᠡᠳᠦᠢᠨ ᠡᠭᠦᠳᠡᠨ ᠦ᠌ ᠲᠤᠰᠢᠶ᠎ᠠ ᠵᠣᠭᠰᠣᠨ ᠬᠦᠯᠢᠶᠡᠵᠦ ᠪᠠᠢᠵᠠᠢ᠃ 
       — ᠸᠠᠩ ᠨᠣᠶᠠᠨ ᠰᠠᠢᠨ ᠤᠤ? 
       — ᠵᠠ᠂ ᠰᠠᠢᠨ᠃ ᠪᠠᠭ᠎ᠠ ᠬᠠᠲᠤᠨ ᠰᠠᠢᠨ? ᠭᠡᠵᠦ ᠮᠡᠨᠳᠦ ᠪᠠᠷᠢᠯᠴᠠᠭᠠᠳ ᠨᠢᠭᠡ ᠨᠢᠭᠡᠨ ᠳ᠋ᠡᠭᠡᠨ ᠰᠠᠭᠤᠳᠠᠯ ᠬᠠᠢᠷᠠᠯᠠᠨ᠎ᠠ᠃  
       ᠪᠠᠷᠰ ᠢᠷᠪᠢᠰ ᠦ᠋ᠨ ᠠᠷᠠᠰᠤ ᠪᠠᠷ ᠪᠦᠷᠢᠵᠦ ᠶᠠᠩᠵᠤᠯᠠᠭᠰᠠᠨ ᠬᠣᠶᠠᠷ ᠵᠥᠭᠡᠯᠡᠨ ᠢᠰᠡᠷᠢ ᠶ᠋ᠢ ᠵᠡᠷᠭᠡᠴᠡᠭᠦᠯᠵᠦ ᠲᠠᠯᠪᠢᠭᠰᠠᠨ ᠨᠢ ᠶᠡᠬᠡ ᠶᠠᠮᠪᠠ ᠰᠦᠷᠲᠡᠢ ᠬᠠᠷᠠᠭᠳᠠᠨ᠎ᠠ᠃ 
       — ᠪᠠᠭ᠎ᠠ ᠬᠠᠲᠤᠨ ᠰᠧᠯᠢᠩ ᠠ᠋! ᠪᠠᠷᠰ ᠤ᠋ᠨ ᠣᠯᠪᠣᠭ ᠳᠡᠭᠡᠷ᠎ᠡ ᠨᠢ ᠰᠠᠭᠠᠲᠠᠬᠤ ᠤᠤ? ᠢᠷᠪᠢᠰ ᠦ᠋ᠨ ᠢᠰᠡᠷᠢ ᠳᠡᠭᠡᠷ᠎ᠡ ᠨᠢ ᠰᠠᠭᠠᠲᠠᠬᠤ ᠤᠤ? ᠠᠯᠢ ᠲᠣᠭᠣᠭᠰᠠᠨ ᠳᠡᠭᠡᠷ᠎ᠡ ᠪᠡᠨ ᠰᠠᠭᠠᠲᠠᠭᠠᠴᠢ! ᠭᠡᠵᠦ ᠸᠠᠩ ᠰᠣᠬᠣᠷ ᠪᠠᠭ᠎ᠠ ᠬᠠᠲᠤᠨ ᠤ᠋ ᠳᠣᠲᠣᠷ᠎ᠠ ᠲᠠᠮᠢᠷ ᠢ᠋ ᠳᠠᠩᠰᠠᠨ ᠨᠠᠢᠷ ᠲᠠᠯᠪᠢᠨ᠎ᠠ᠃ 
       — ᠸᠠᠩ ᠨᠣᠶᠠᠨ ᠠ᠋! ᠲᠠ ᠪᠠᠷᠰ ᠣᠮᠣᠭ ᠲᠠᠢ ᠪᠠᠷ ᠢ᠋ᠶ᠋ᠠᠨ ᠪᠠᠷᠰ ᠤ᠋ᠨ ᠣᠯᠪᠣᠭ ᠳᠡᠭᠡᠷ᠎ᠡ ᠪᠡᠨ ᠰᠠᠭᠠᠲᠠ! ᠭᠡᠵᠦ ᠪᠠᠭ᠎ᠠ ᠬᠠᠲᠤᠨ ᠪᠠᠷᠠᠭᠤᠨ ᠭᠠᠷ ᠢ᠋ᠶ᠋ᠠᠷ ᠰᠠᠭᠤᠳᠠᠯ ᠵᠠᠩᠭᠠᠨ ᠥᠪᠡᠷ ᠢ᠋ᠶ᠋ᠡᠨ ᠢᠷᠪᠢᠰ ᠦ᠋ᠨ ᠢᠰᠡᠷᠢ ᠳᠡᠭᠡᠷ᠎ᠡ ᠨᠢ ᠠᠵᠢᠭ ᠦᠭᠡᠢ ᠰᠠᠭᠤᠪᠠ᠃  
       ᠸᠠᠩ ᠰᠣᠬᠣᠷ ᠤ᠋ᠨ ᠰᠠᠨᠠᠭᠰᠠᠨ ᠳ᠋ᠤ᠌ ᠵᠣᠬᠢᠴᠠᠭᠰᠠᠨ ᠪᠣᠯᠤᠯᠲᠠᠢ《 ᠬᠠ᠁ ᠬᠠ᠁》 ᠭᠡᠵᠦ ᠢᠨᠢᠶᠡᠨ ᠬᠠᠯᠵᠠᠨ ᠮᠠᠩᠨᠠᠢ ᠪᠠᠨ ᠢᠯᠢᠵᠦ᠄  
       — ᠠᠶ᠎ᠠ᠂ ᠪᠠᠭ᠎ᠠ ᠬᠠᠲᠤᠨ ᠥᠨᠥᠬᠢ ᠮᠣᠩᠭᠣᠯ ᠲᠡᠷᠯᠢᠭ ᠲᠠᠢᠯᠵᠤ ᠴᠡᠷᠢᠭ ᠬᠤᠪᠴᠠᠰᠤ ᠪᠠᠷ ᠵᠠᠰᠠᠭᠰᠠᠨ ᠴᠢᠨᠢ ᠤᠯᠠᠮ ᠦᠵᠡᠰᠬᠦᠯᠡᠩ ᠨᠡᠮᠡᠵᠦ ᠵᠠᠯᠠᠭᠤ ᠭᠠᠩᠭᠠᠩ ᠪᠣᠯᠴᠢᠬᠠᠵᠠᠢ ᠳᠠ! ᠭᠡᠵᠦ ᠬᠡᠯᠡᠭᠰᠡᠨ ᠨᠢ ᠪᠠᠭ᠎ᠠ ᠬᠠᠲᠤᠨ ᠳᠤ《 ᠮᠢᠨᠦ ᠠᠴᠢ ᠪᠠᠷ ᠴᠢ ᠡᠨᠡ ᠬᠡᠳᠦᠨ ᠵᠢᠯ ᠬᠠᠩᠭᠢ ᠶᠠᠪᠤᠵᠤ ᠪᠠᠢᠨ᠎ᠠ᠁ ᠴᠡᠷᠢᠭ ᠦ᠋ᠨ ᠰᠧᠯᠢᠩ ᠨᠣᠶᠠᠨ ᠵᠡᠷᠭᠡ ᠵᠡᠭᠦᠵᠦ ᠶᠡᠬᠡ ᠰᠣᠷᠲᠣᠭᠣᠲᠠᠢ ᠪᠣᠯᠴᠢᠬᠠᠵᠠᠢ ᠠ᠋》 ᠭᠡᠵᠦ ᠰᠣᠨᠣᠰᠳᠠᠬᠤ ᠳ᠋ᠤ᠌ ᠪᠠᠭ᠎ᠠ ᠬᠠᠲᠤᠨ᠄ 
       —  ᠲᠠᠨ ᠤ᠋ ᠠᠴᠢ ᠪᠠᠷ ᠰᠢᠳᠡ! ᠭᠡᠰᠡᠨ ᠳ᠋ᠦ᠍᠂ ᠸᠠᠩ ᠰᠣᠬᠣᠷ᠄  
       — ᠬᠠᠮᠢᠭ᠎ᠠ ᠠ᠋ᠴᠠ ᠳᠠ! ᠬᠠᠮᠢᠭ᠎ᠠ ᠠ᠋ᠴᠠ ᠳᠠ! ᠪᠠᠭ᠎ᠠ ᠬᠠᠲᠤᠨ ᠲᠥᠷᠥᠯᠬᠢ ᠶ᠋ᠢᠨ ᠰᠠᠢᠬᠠᠨ ᠬᠥᠮᠦᠨ ᠬᠣᠢᠨ᠎ᠠ ᠳᠠ! ᠭᠡᠪᠡ᠃  
       ᠪᠠᠷᠰ ᠢᠷᠪᠢᠰ ᠦ᠋ᠨ ᠡᠯᠪᠡᠭ ᠠᠭᠤᠵᠢᠭᠤ ᠢᠰᠡᠷᠢ ᠶ᠋ᠢᠨ ᠳᠤᠮᠳᠠ ᠰᠢᠯ ᠨᠢᠭᠤᠷ ᠲᠠᠢ ᠬᠦᠷᠡᠩ ᠽᠠᠨᠳᠠᠨ ᠰᠢᠷᠡᠭᠡ ᠴᠢᠴᠠᠤᠯᠠᠨ ᠲᠠᠯᠪᠢᠵᠤ ᠨᠠᠷᠠᠨ ᠬᠤᠸᠠᠷ ᠤ᠋ᠨ ᠦᠷ᠎ᠡ᠂ ᠬᠠᠷ᠎ᠠ ᠴᠢᠪᠠᠭ᠎ᠠ᠂ ᠣᠷᠣᠰ ᠰᠢᠬᠢᠷ᠂ ᠠᠯᠢᠮ᠎ᠠ ᠵᠢᠮᠢᠰ ᠵᠡᠷᠭᠡ ᠶ᠋ᠢᠨ ᠢᠳᠡᠭᠡᠨ ᠢ᠋ ᠲᠠᠯᠪᠢᠭᠰᠠᠨ ᠨᠢ ᠪᠠᠶᠠᠨ ᠡᠷᠬᠢᠮᠰᠦᠭ ᠭᠡᠳᠡᠭ ᠢ᠋ ᠶᠠᠭᠠᠬᠢᠬᠤ ᠠᠷᠭ᠎ᠠ ᠦᠭᠡᠢ ᠭᠠᠢᠬᠠᠭᠤᠯᠤᠨ᠎ᠠ᠃ 
       — ᠵᠠ᠂ ᠵᠠ᠂ ᠬᠠᠲᠤᠨ ᠰᠧᠯᠢᠩ ᠵᠢᠮᠢᠰ ᠰᠢᠬᠢᠷ ᠡᠴᠡ ᠨᠢ ᠢᠳᠡᠭᠡᠴᠢ! ᠪᠢᠲᠡᠭᠡᠢ ᠡᠷᠡᠭᠡᠯᠡ ᠠ᠋! ᠪᠢᠳᠡ ᠶᠠᠮᠠᠷ ᠭᠠᠳᠠᠨ᠎ᠠ ᠶ᠋ᠢᠨ ᠬᠥᠮᠦᠰ ᠴᠦ᠍ ᠪᠢᠰᠢ ᠳᠡ! ᠭᠡᠵᠦ ᠶᠠᠩᠨᠠᠬᠤ ᠳ᠋ᠤ᠌ ᠭᠤᠶ᠎ᠠ ᠡᠰᠬᠡᠭᠰᠡᠨ ᠤᠷᠲᠤ ᠪᠠᠩᠵᠠᠯ ᠲᠠᠢ ᠢᠨᠵᠢ ᠥᠬᠢᠨ ᠪᠣᠯᠣᠷ ᠴᠣᠮᠣᠨ ᠳ᠋ᠤ᠌ ᠬᠢᠲᠠᠳ ᠴᠠᠢ ᠠᠪᠴᠢᠷᠠᠵᠤ ᠲᠠᠯᠪᠢᠪᠠ᠃ 
       — ᠵᠠ᠂ ᠬᠠᠲᠤᠨ ᠰᠧᠯᠢᠩ ᠴᠠᠢ ᠤᠤᠭᠤ! ᠭᠡᠵᠦ ᠶᠡᠬᠡᠳᠡ ᠬᠥᠩᠭᠡᠮᠰᠦᠭ ᠠᠪᠤᠷᠢᠯᠠᠬᠤ ᠳ᠋ᠤᠨᠢ ᠴᠠᠭᠠᠨ᠎ᠠ ᠨᠢ ᠶᠠᠭᠤᠮ᠎ᠠ ᠨᠢᠭᠤᠭᠳᠠᠵᠤ ᠪᠠᠢᠭ᠎ᠠ ᠶ᠋ᠢ ᠪᠠᠭ᠎ᠠ ᠬᠠᠲᠤᠨ ᠲᠣᠪ ᠲᠣᠳᠣᠷᠬᠠᠢ ᠮᠡᠳᠡᠵᠦ ᠪᠠᠢᠯ᠎ᠠ᠃ ᠲᠡᠭᠡᠭᠡᠳ ᠪᠠᠭ᠎ᠠ ᠬᠠᠲᠤᠨ᠄ 
       — ᠸᠠᠩ ᠨᠣᠶᠠᠨ ᠭᠤᠸᠠᠢ ᠨᠠᠮᠠᠶ᠋ᠢ ᠶᠠᠮᠠᠷ ᠤᠴᠢᠷ ᠲᠤ ᠳᠠᠭᠤᠳᠠᠭᠤᠯᠪᠠ? ᠵᠠᠷᠯᠢᠭ ᠵᠠᠬᠢᠶ᠎ᠠ ᠪᠠᠢᠪᠠᠯ ᠰᠢᠭᠤᠳ ᠬᠡᠯᠡᠭᠡᠷᠡᠢ! ᠭᠡᠪᠡ᠃ 
       — ᠠ᠂ ᠨᠢᠭᠡ ᠤᠴᠢᠷ ᠲᠠᠢ᠃ ᠪᠢᠳᠡ ᠪᠦᠷ ᠴᠡᠷᠢᠭ ᠦ᠋ᠨ ᠬᠥᠮᠦᠨ ᠪᠣᠯᠬᠣᠷ ᠰᠢᠯᠤᠭᠤᠨ ᠨᠢ ᠨᠢᠯᠠᠭᠤᠨ ᠠ᠋ᠴᠠ ᠪᠠᠨ ᠳᠡᠭᠡᠷ᠎ᠡ᠃ ᠥᠨᠥᠳᠥᠷ ᠪᠢ ᠪᠠᠭ᠎ᠠ ᠬᠠᠲᠤᠨ ᠲᠠᠢ ᠨᠢᠭᠡ ᠤᠴᠢᠷ ᠢ᠋ ᠵᠥᠪᠳᠡᠬᠦ ᠰᠠᠨᠠᠭᠠᠲᠠᠢ ᠪᠠᠢᠨ᠎ᠠ᠃ 
       — ᠶᠠᠮᠠᠷ ᠤᠴᠢᠷ ᠪᠣᠢ? 
       — ᠰᠣᠨᠣᠰᠬᠤᠯ᠎ᠠ ᠣᠷᠪᠣᠭ ᠤ᠋ᠨ ᠠᠷᠤ ᠵᠣ ᠠ᠋ᠴᠠ ᠤᠯᠠᠭᠠᠨ ᠡᠷᠭᠢ ᠬᠦᠷᠲᠡᠯ᠎ᠡ ᠨᠢᠭᠡ ᠬᠡᠰᠡᠭ ᠠᠲᠠᠷ ᠭᠠᠵᠠᠷ ᠪᠠᠢᠨ᠎ᠠ ᠭᠡᠰᠡᠨ᠁ ᠭᠡᠳ ᠦᠭᠡ ᠪᠡᠨ ᠲᠠᠰᠤᠯᠪᠠ᠃ 
       ᠪᠠᠭ᠎ᠠ ᠬᠠᠲᠤᠨ ᠲᠡᠭᠦᠨ ᠦ᠌ ᠶᠠᠭᠤ ᠶᠠᠭᠠᠬᠢᠬᠤ ᠭᠡᠰᠡᠨ ᠰᠠᠨᠠᠭ᠎ᠠ ᠶ᠋ᠢ ᠴᠠᠭᠠᠨ᠎ᠠ ᠨᠢ ᠭᠠᠷᠲᠠᠯ᠎ᠠ ᠮᠡᠳᠡᠵᠦ᠂《ᠡᠨᠡ ᠮᠠᠭᠤ ᠴᠢᠰᠤ ᠮᠤᠬᠤᠷ ᠬᠣᠳᠣᠭᠣᠳᠣ ᠲᠠᠢ ᠸᠠᠩ ᠰᠣᠬᠣᠷ ᠭᠡᠭᠴᠢ ᠪᠠᠭ᠎ᠠ ᠯᠠ ᠶᠠᠭᠤᠮ᠎ᠠ ᠪᠣᠯᠤᠭᠰᠠᠭᠠᠷ ᠪᠡᠶ᠎ᠡ ᠪᠡᠨ ᠭᠠᠪᠢᠶᠠᠷᠬᠠᠵᠤ ᠭᠠᠵᠠᠷ ᠨᠤᠲᠤᠭ ᠭᠡᠳ ᠳᠠᠪᠰᠢᠭᠤᠷᠠᠬᠤ ᠨᠢ ᠡᠭᠳᠡᠭᠦᠲᠡᠢ ᠶᠦᠮ》 ᠭᠡᠵᠦ ᠪᠣᠳᠣᠭᠰᠠᠨ ᠪᠣᠯᠪᠠᠴᠤ ᠳᠤᠤᠭᠠᠷᠤᠭᠰᠠᠨ ᠦᠭᠡᠢ᠃ ᠸᠠᠩ ᠰᠣᠬᠣᠷ᠂ ᠪᠠᠭ᠎ᠠ ᠬᠠᠲᠤᠨ ᠢ᠋ ᠳᠤᠤᠭᠠᠷᠬᠤ ᠦᠭᠡᠢ ᠪᠣᠯᠬᠤ ᠳ᠋ᠤ᠌᠂ 
       — ᠲᠡᠭᠡᠭᠡᠳ ᠲᠡᠷᠡ ᠬᠡᠰᠡᠭ ᠭᠠᠵᠠᠷ ᠢ᠋ᠶ᠋ᠠᠨ ᠨᠠᠳᠠ ᠳ᠋ᠤ᠌ ᠲᠦᠷᠢᠶᠡᠰᠦᠯᠡᠵᠦ ᠥᠭᠭᠦᠨ᠎ᠡ ᠤᠤ? ᠭᠡᠰᠡᠨ ᠳ᠋ᠦ᠍ ᠪᠠᠭ᠎ᠠ ᠬᠠᠲᠤᠨ ᠰᠠᠭᠤᠳᠠᠯ ᠠ᠋ᠴᠠ ᠳᠠᠪ ᠬᠢᠨ ᠪᠣᠰᠴᠤ᠄  
       — ᠦᠭᠡᠢ ᠠ᠋᠂ ᠸᠠᠩ ᠨᠣᠶᠠᠨ ᠲᠠ ᠪᠠᠷᠠᠭᠤᠨ ᠬᠦᠩ ᠦ᠋ᠨ ᠨᠤᠲᠤᠭ ᠪᠡᠯᠴᠢᠭᠡᠷ ᠡᠴᠡ ᠬᠢᠮᠤᠰᠤᠯᠠᠬᠤ ᠪᠠᠷ ᠢ᠋ᠶ᠋ᠠᠨ ᠪᠣᠯᠤᠯ᠎ᠠ ᠪᠢᠵᠡ᠁ ᠭᠡᠵᠦ ᠠᠭᠤᠷᠲᠠᠢᠬᠠᠨ ᠬᠡᠯᠡᠭᠰᠡᠨ ᠳ᠋ᠦ᠍ ᠸᠠᠩ ᠰᠣᠬᠣᠷ᠄ 
       — ᠬᠠᠲᠤᠨ ᠰᠧᠯᠢᠩ ᠠ᠋᠂ ᠠᠭᠤᠷ ᠢ᠋ᠶ᠋ᠠᠨ ᠳᠠᠷᠤᠭᠠᠴᠢ! ᠶᠠᠭᠤᠮ᠎ᠠ ᠶ᠋ᠢ ᠰᠠᠢᠬᠠᠨ ᠲᠤᠩᠭᠠᠵᠤ ᠪᠣᠳᠣᠳᠠᠭ ᠶᠤᠮ ᠰᠢᠦ! ᠵᠢᠯᠢᠭᠴᠢ ᠰᠢᠷᠠᠪᠳᠣᠷᠵᠢ ᠬᠦᠩ ᠨᠣᠶᠠᠨ ᠢ᠋ ᠪᠠᠢᠬᠤ ᠳ᠋ᠤ᠌ ᠪᠢᠳᠡ ᠬᠠᠷᠢᠭᠤᠲᠠᠢ ᠪᠠᠷᠢᠭᠤᠲᠠᠢ ᠰᠠᠢᠬᠠᠨ ᠶᠠᠪᠤᠯᠴᠠᠭᠰᠠᠨ ᠰᠢᠦ ᠳᠡ! ᠲᠠ ᠶᠠᠮᠠᠷ ᠮᠡᠳᠡᠬᠦ ᠦᠭᠡᠢ ᠪᠢᠰᠢ!
       — ᠶᠠᠭᠠᠬᠢᠭᠠᠳ ᠮᠡᠳᠡᠬᠦ ᠦᠭᠡᠢ ᠪᠣᠢ? ᠮᠡᠳᠡᠬᠦ ᠮᠡᠳᠡᠬᠦ ᠳ᠋ᠡᠭᠡᠨ ᠰᠠᠢᠨ ᠴᠦ᠍ ᠮᠡᠳᠡᠨ᠎ᠡ᠁ 
       — ᠮᠡᠳᠡᠳᠡᠭ ᠪᠣᠯ ᠰᠠᠢᠨ ᠳᠠ!  
          ᠁  
       — ᠰᠢᠷ᠎ᠠ ᠴᠡᠷᠢᠭ ᠡᠴᠡ ᠦᠷᠭᠦᠵᠦ ᠢᠷᠡᠭᠡᠳ ᠲᠠ ᠬᠠᠩᠬᠠᠲᠠᠢ ᠶ᠋ᠢᠨ ᠰᠢᠯᠢ ᠲᠦᠰᠢᠵᠦ ᠬᠡᠳᠦᠨ ᠵᠢᠯ ᠠᠮᠤᠷ ᠵᠢᠮᠤᠷ ᠰᠠᠭᠤᠯ᠎ᠠ᠃ ᠰᠢᠷ᠎ᠠ ᠴᠡᠷᠢᠭ ᠦ᠋ᠨ ᠬᠦᠴᠦᠨ ᠲᠠᠲᠠᠷᠠᠬᠤ ᠳ᠋ᠤ᠌ ᠰᠠᠨᠠᠭ᠎ᠠ ᠴᠢᠨᠢ ᠣᠨᠳᠣᠣ ᠪᠣᠯᠵᠤ ᠪᠠᠢᠨ᠎ᠠ ᠤᠤ⁈  
       一 ᠬᠠᠩᠬᠠᠲᠠᠢ ᠶ᠋ᠢᠨ ᠰᠢᠯᠢ ᠬᠡᠨ ᠦ᠌ ᠨᠤᠲᠤᠭ ᠪᠣᠢ?  ᠪᠠᠷᠠᠭᠤᠨ ᠬᠦᠩ ᠦ᠋ᠨ ᠭᠠᠵᠠᠷ ᠨᠤᠲᠤᠭ ᠪᠢᠰᠢ ᠊ᠦᠦ⁈  
       一 ᠬᠡᠩ! ᠪᠠᠷᠠᠭᠤᠨ ᠬᠦᠩ ᠦ᠋ᠨ ᠨᠤᠲᠤᠭ ᠭᠡᠨ᠎ᠡ⁈ ᠲᠡᠷᠡ ᠴᠢᠨᠢ ᠠᠯᠢ ᠤᠵᠠᠭᠤᠷ ᠤ᠋ᠨ ᠤᠴᠢᠷ ᠠ᠋! ᠴᠢ ᠨᠢᠯᠵᠠᠷᠠᠢ ᠪᠠᠢᠭᠰᠠᠨ᠁ ᠪᠠᠭ᠎ᠠ ᠬᠠᠲᠤᠨ ᠲᠡᠭᠡᠭᠡᠳ ᠰᠢᠷ᠎ᠠ ᠴᠡᠷᠢᠭ ᠡᠴᠡ ᠦᠷᠭᠦᠵᠦ ᠶᠠᠪᠤᠬᠤ ᠳ᠋ᠠᠭᠠᠨ ᠪᠠᠷᠠᠭᠤᠨ ᠬᠦᠩ ᠦ᠋ᠨ ᠨᠤᠲᠤᠭ ᠤ᠋ᠨ ᠠᠯᠢ ᠮᠤᠬᠤᠷ ᠪᠤᠯᠤᠩ ᠢ᠋ ᠨᠢ ᠴᠦ᠍ ᠳᠠᠷᠤᠵᠤ ᠰᠠᠭᠤᠳᠠᠭ ᠦᠭᠡᠢ ᠭᠠᠭᠴᠠ ᠬᠠᠩᠬᠠᠲᠠᠢ ᠶ᠋ᠢᠨ ᠰᠢᠯᠢ ᠶ᠋ᠢ ᠰᠣᠩᠭᠣᠵᠤ ᠢᠷᠡᠳᠡᠭ ᠨᠢ ᠶᠠᠭᠤᠨ ᠠ᠋ᠴᠠ ᠪᠣᠢ? ᠭᠡᠵᠦ ᠸᠠᠩ ᠰᠣᠬᠣᠷ ᠤ᠋ᠨ ᠬᠡᠯᠡᠭᠰᠡᠨ ᠦᠭᠡ ᠪᠠᠭ᠎ᠠ ᠬᠠᠲᠤᠨ ᠤ᠋ ᠴᠢᠬᠢᠨ ᠦ᠌ ᠬᠤᠯᠤᠭᠤ ᠶ᠋ᠢ ᠰᠢᠪᠦᠭᠡ ᠰᠢᠭ ᠬᠠᠳᠬᠤᠵᠤ《ᠣᠷᠣᠬᠤ ᠭᠡᠷ ᠦᠭᠡᠢ ᠣᠭᠣᠴᠢᠬᠤ ᠠᠶᠠᠭ᠎ᠠ ᠦᠭᠡᠢ ᠪᠣᠯᠴᠢᠬᠠᠭᠠᠳ ᠨᠠᠮᠠᠶ᠋ᠢ ᠨᠥᠮᠥᠷᠢᠳᠡᠵᠦ ᠢᠷᠡᠭᠰᠡᠨ ᠢ᠋ᠶ᠋ᠡᠨ ᠮᠠᠷᠲᠠᠪᠠ ᠤᠤ ᠁》 ᠭᠡᠵᠦ ᠰᠣᠨᠣᠰᠳᠠᠭᠰᠠᠨ ᠳ᠋ᠤ᠌ ᠪᠠᠭ᠎ᠠ ᠬᠠᠲᠤᠨ ᠤ᠋ ᠬᠣᠷᠣ ᠪᠤᠴᠠᠯᠵᠤ᠄ 
       一 ᠶᠠᠭᠤ ᠴᠤ᠌ ᠶᠠᠷᠢᠬᠤ ᠪᠠᠨ ᠪᠤᠯᠢᠭᠠᠴᠢ! ᠪᠢ ᠣᠳᠣ ᠴᠢᠨᠦ ᠡᠨᠳᠡ ᠵᠢᠭᠠᠬᠠᠨ ᠴᠤ᠌ ᠬᠣᠷᠭᠣᠳᠠᠬᠤ ᠰᠠᠨᠠᠭ᠎ᠠ ᠦᠭᠡᠢ ᠪᠠᠢᠨ᠎ᠠ᠃ ᠶᠠᠮᠠᠷ ᠬᠠᠮᠢᠭᠠᠰᠢ ᠪᠠᠨ ᠴᠠᠳᠬᠤ ᠪᠠᠨ ᠮᠡᠳᠡᠳᠡᠭ ᠦᠭᠡᠢ ᠴᠢᠰᠤ ᠮᠤᠬᠤᠷ ᠦᠭᠡᠢ ᠬᠣᠳᠣᠭᠣᠳᠣ ᠲᠠᠢ ᠭᠡᠭᠴᠢ ᠪᠣᠢ⁈ ᠳᠠᠬᠢᠪᠠᠯ ᠠᠩᠴᠢᠨᠵᠠᠪ ᠨᠠᠮᠠᠶ᠋ᠢ ᠡᠷᠢᠵᠦ ᠢᠷᠡᠬᠦ ᠳ᠋ᠦ᠍ ᠴᠢ ᠠᠷᠤ ᠠ᠋ᠴᠠ ᠨᠢ ᠭᠡᠲᠡᠭᠦᠯ ᠶᠠᠪᠤᠭᠤᠯᠵᠤ ᠫᠤᠤ ᠲᠤᠯᠭᠠᠨ ᠪᠠᠷᠢᠪᠴᠢᠯᠠᠳᠠᠭ ᠨᠢ ᠶᠠᠭᠤ ᠪᠣᠢ? ᠭᠡᠵᠦ ᠰᠢᠨ᠎ᠡ ᠬᠠᠭᠤᠴᠢᠨ ᠤᠴᠢᠷ ᠲᠤ᠌ ᠠᠭᠤᠷ ᠬᠣᠷᠣ ᠪᠠᠨ ᠨᠢᠭᠡ ᠯᠡ ᠠᠭᠤᠳᠠᠯᠤᠨ ᠬᠠᠷᠢᠶᠠᠵᠤ ᠬᠠᠷᠢᠶᠠᠭᠠᠳ ᠡᠭᠦᠳᠡ ᠭᠠᠷᠬᠤ ᠭᠡᠲᠡᠯ᠎ᠡ ᠸᠠᠩ ᠰᠣᠬᠣᠷ᠄  
       一 ᠪᠠᠢᠵᠠ! ᠠᠩᠴᠢᠨᠵᠠᠪ ᠲᠡᠷᠡ ᠰᠥᠨᠢ ᠳ᠋ᠡᠭᠡᠨ ᠮᠠᠨ ᠤ᠋ ᠴᠡᠷᠢᠭ ᠡᠴᠡ ᠬᠣᠶᠠᠷ ᠢ᠋ ᠬᠣᠬᠢᠷᠠᠭᠠᠵᠤ ᠨᠢᠭᠡ ᠶ᠋ᠢ ᠰᠢᠷᠬᠠᠲᠤᠭᠤᠯᠵᠤ ᠣᠷᠬᠢᠴᠢᠬᠠᠭᠠᠳ ᠲᠡᠷᠡ ᠳᠤᠲᠠᠭᠠᠵᠤ ᠠᠷᠢᠯᠤᠭᠰᠠᠨ ᠭᠡᠯ᠎ᠡ᠃  
       一 ᠴᠡᠷᠢᠭ ᠢ᠋ᠶ᠋ᠡᠨ ᠬᠣᠬᠢᠷᠠᠭᠤᠯᠤᠭᠰᠠᠨ ᠴᠢᠨᠢ ᠬᠣᠬᠢ ᠨᠢ ᠲᠡᠷᠡ! ᠲᠠᠨᠤᠰ ᠯᠠ ᠲᠡᠭᠡᠵᠦ ᠲᠡᠭᠦᠨ ᠢ᠋ ᠳᠤᠲᠠᠭᠠᠯᠭᠠᠯ᠎ᠠ ᠪᠢᠵᠡ⁈ ᠭᠡᠳ ᠪᠠᠭ᠎ᠠ ᠬᠠᠲᠤᠨ ᠠᠭᠤᠷᠯᠠᠵᠤ ᠡᠭᠦᠳᠡ ᠪᠡᠨ ᠰᠠᠪᠠᠨ ᠭᠠᠷᠴᠤ ᠶᠠᠪᠤᠪᠠ᠃ 
       ᠪᠠᠭ᠎ᠠ ᠬᠠᠲᠤᠨ ᠳ᠋ᠤ᠌ ᠪᠡᠶ᠎ᠡ ᠪᠡᠨ ᠭᠠᠢᠬᠠᠭᠤᠯᠤᠨ ᠳᠤᠮᠳᠠ ᠠ᠋ᠴᠠ ᠨᠢ ᠠᠰᠢᠭ ᠴᠣᠬᠢᠬᠤ ᠭᠡᠳ ᠠᠮᠠ ᠪᠠᠨ ᠠᠯᠠᠭᠠᠳᠠᠭᠤᠯᠵᠤ ᠬᠣᠴᠣᠷᠤᠭᠰᠠᠨ ᠸᠠᠩ ᠰᠣᠬᠣᠷ᠄ 
       一 ᠬᠥᠮᠦᠨ ᠦ᠌ ᠰᠠᠢᠨ ᠢ᠋ ᠮᠡᠳᠡᠳᠡᠭ ᠦᠭᠡᠢ ᠮᠠᠭᠤ ᠥᠯᠥᠭᠴᠢᠨ ᠢ᠋ ᠬᠣᠬᠣᠢ! ᠶᠠᠮᠠᠷ ᠰᠠᠢᠨ ᠳ᠋ᠠᠭᠠᠨ ᠡᠯᠳᠡᠩᠭᠡ ᠨᠠᠷ ᠢ᠋ᠶ᠋ᠠᠷ ᠭᠠᠴᠢᠭᠤᠯᠵᠤ ᠶᠠᠪᠤᠪᠠ? ᠵᠠ ᠪᠠᠢᠵᠠ᠂ ᠴᠢ ᠴᠠᠭᠠᠰᠢ ᠶᠠᠪᠤᠵᠤ ᠳᠠᠪᠠᠷᠠᠵᠤ ᠯᠠ ᠪᠣᠢ! ᠠᠩᠴᠢᠨᠵᠠᠪ ᠢ᠋ ᠳᠠᠬᠢᠭᠠᠳ ᠱᠣᠷᠣᠩ ᠳ᠋ᠤ᠌ ᠴᠢᠬᠢᠬᠦ ᠳ᠋ᠦ᠍ ᠴᠢ ᠶᠠᠮᠠᠷ ᠰᠢᠦ ᠬᠥᠭᠡᠷᠦᠬᠦᠢ ᠪᠣᠯᠬᠤ ᠪᠠᠨ ᠪᠣᠳᠣᠭᠠᠷᠠᠢ! ᠭᠡᠵᠦ ᠵᠠᠨᠤᠩᠭᠤᠢ ᠬᠡᠯᠡᠭᠡᠳ ᠭᠣᠩᠰᠣᠢᠵᠤ ᠬᠣᠴᠣᠷᠪᠠ᠃ 
       ᠪᠠᠭ᠎ᠠ ᠬᠠᠲᠤᠨ᠂ ᠸᠠᠩ ᠰᠣᠬᠣᠷ ᠤ᠋ᠨ ᠨᠤᠲᠤᠭ ᠪᠡᠯᠴᠢᠭᠡᠷ ᠲᠤᠨᠤᠬᠤ ᠰᠢᠨᠤᠯ ᠳ᠋ᠤ᠌ ᠳᠤᠷ᠎ᠠ ᠦᠭᠡᠢᠴᠡᠨ ᠨᠤᠲᠤᠭ ᠪᠤᠴᠠᠬᠤ ᠪᠠᠷ ᠴᠡᠷᠢᠭ ᠮᠣᠷᠢ ᠪᠠᠨ ᠴᠡᠭᠴᠡᠯᠡᠬᠦ ᠰᠠᠨᠠᠭ᠎ᠠ ᠣᠷᠣᠭᠰᠠᠨ ᠪᠣᠯᠪᠠᠴᠤ ᠨᠤᠲᠤᠭ ᠤ᠋ᠨ ᠪᠠᠷ᠎ᠠ ᠬᠠᠷᠠᠬᠤ ᠳ᠋ᠤ᠌ ᠡᠯᠳᠡᠩᠭᠡ ᠲᠡᠷᠢᠭᠦᠲᠡᠨ ᠨᠠᠮᠠᠶ᠋ᠢ ᠶᠠᠭᠠᠬᠢᠵᠤ ᠪᠤᠷᠤᠭᠤᠳᠬᠠᠵᠤ ᠬᠠᠷᠠᠭᠳᠠᠳᠠᠭ ᠪᠣᠯ⁈ ᠡᠯᠳᠡᠩᠭᠡ᠂ ᠵᠣᠳᠪᠠ᠂ ᠸᠴᠢᠷᠪᠠᠲᠤ ᠨᠠᠷ ᠥᠭᠡᠳᠡ ᠡᠴᠡ ᠬᠥᠷᠥᠰᠥ ᠪᠡᠨ ᠤᠷᠪᠠᠭᠤᠯᠤᠨ ᠲᠤᠯᠵᠤ ᠢᠷᠡᠪᠡᠯ ᠪᠠᠰᠠ ᠴᠤ᠌ ᠠᠮᠠᠷ ᠦᠭᠡᠢ᠃ ᠪᠠᠷᠠᠭᠤᠨ ᠬᠦᠩ ᠢ᠋ᠶ᠋ᠡᠨ ᠭᠣᠯᠣᠵᠤ ᠸᠠᠩ ᠰᠣᠬᠣᠷ ᠢ᠋ ᠨᠥᠮᠥᠷᠢᠳᠡᠵᠦ ᠶᠠᠪᠤᠴᠢᠬᠠᠭᠠᠳ ᠶᠠᠮᠠᠷ ᠨᠢᠭᠤᠷ ᠢ᠋ᠶ᠋ᠠᠷ ᠢ᠋ᠶ᠋ᠠᠨ ᠭᠡᠳᠡᠷᠭᠦ ᠪᠡᠨ ᠪᠤᠴᠠᠵᠤ ᠢᠷᠡᠨ᠎ᠡ ᠪᠣᠢ? ᠭᠡᠵᠦ ᠠᠰᠠᠭᠤᠪᠠᠯ ᠪᠢ ᠥᠭᠡᠳᠡ ᠡᠴᠡ ᠨᠢ ᠶᠠᠭᠤ ᠭᠡᠵᠦ ᠬᠠᠷᠢᠭᠤᠯᠤᠨ᠎ᠠ ᠪᠣᠢ⁈ ᠭᠡᠰᠡᠨ ᠡᠯᠳᠡᠪ ᠡᠷᠢᠶᠡᠨ ᠪᠣᠳᠣᠯ ᠳ᠋ᠤ᠌ ᠪᠣᠭᠣᠭᠳᠠᠨ ᠴᠡᠷᠢᠭ ᠦ᠋ᠨ ᠬᠤᠸᠠᠷᠠᠨ ᠳ᠋ᠠᠭᠠᠨ ᠨᠠᠭᠠᠰᠢ ᠴᠠᠭᠠᠰᠢ ᠳᠡᠮᠡᠢ ᠯᠡ ᠬᠣᠯᠬᠢᠨ᠎ᠠ᠃  
       ᠡᠭᠦᠳᠡᠨ ᠦ᠌ ᠮᠠᠨᠠᠭᠠᠨ ᠤ᠋ ᠴᠡᠷᠢᠭ᠄ 
       — ᠪᠠᠷᠠᠭᠤᠨ ᠬᠦᠩ ᠦ᠋ᠨ ᠶᠠᠮᠤᠨ ᠠ᠋ᠴᠠ ᠵᠣᠳᠪᠠ ᠮᠡᠢᠷᠡᠨ ᠭᠤᠸᠠᠢ ᠬᠠᠲᠤᠨ ᠰᠧᠯᠢᠩ ᠲᠠᠨ ᠲᠠᠢ ᠠᠭᠤᠯᠵᠠᠷ᠎ᠠ ᠢᠷᠡᠪᠡ ᠭᠡᠵᠦ ᠮᠡᠳᠡᠭᠦᠯᠦᠭᠰᠡᠨ᠎ᠡ ᠬᠠᠲᠤᠨ ᠰᠧᠯᠢᠩ᠄ 
       — ᠪᠤᠰᠢᠭᠤᠬᠠᠨ ᠤᠷᠤᠭᠤᠯ! ᠭᠡᠪᠡᠯ ᠤᠳᠠᠭᠰᠠᠨ ᠦᠭᠡᠢ ᠵᠣᠳᠪᠠ ᠮᠡᠢᠷᠡᠨ ᠬᠡᠳᠦᠨ ᠳᠠᠭᠠᠯᠲᠠ ᠴᠡᠷᠢᠭ ᠲᠡᠢ ᠣᠷᠣᠵᠤ ᠢᠷᠡᠨ᠄ 
       — ᠪᠠᠭ᠎ᠠ ᠬᠠᠲᠤᠨ ᠤ᠋ ᠠᠮᠤᠭᠤᠯᠠᠩ ᠢ᠋ ᠠᠢᠯᠠᠳᠬᠠᠶ᠎ᠠ! ᠭᠡᠵᠦ ᠵᠣᠳᠪᠠ ᠮᠡᠢᠷᠡᠨ ᠡᠪᠦᠷ ᠡᠴᠡ ᠪᠡᠨ ᠰᠠᠮᠪᠠᠢ ᠬᠠᠳᠠᠭ ᠳᠡᠯᠭᠡᠵᠦ ᠶᠣᠰᠣᠴᠢᠯᠠᠨ ᠵᠣᠯᠭᠠᠭᠠᠳ ᠬᠣᠣᠰ ᠬᠣᠣᠰ ᠢ᠋ᠶ᠋ᠠᠷ ᠠᠯᠲᠠ ᠮᠥᠩᠭᠥᠨ ᠶᠤᠸᠠᠮᠪᠤᠤ ᠪᠠ ᠴᠠᠢ ᠶ᠋ᠢᠨ ᠰᠢᠭᠦᠰᠦ᠂ ᠬᠣᠣᠰ ᠪᠣᠭᠣᠳᠠᠯ ᠶᠠᠨᠵᠤᠤᠷ ᠲᠠᠮᠠᠬᠢ ᠡᠨᠡ ᠲᠡᠷᠡ ᠪᠡᠯᠡᠭ ᠰᠡᠯᠲᠡ ᠲᠠᠯᠪᠢᠩᠭᠠᠨ᠄ 
       — ᠬᠠᠷ᠎ᠠ ᠴᠡᠷᠢᠭ ᠦ᠋ᠨ ᠶᠡᠬᠡ ᠬᠢᠰᠠᠭᠠᠨ ᠳ᠋ᠤ᠌ ᠪᠠᠭ᠎ᠠ ᠬᠠᠲᠤᠨ ᠡᠨᠡ ᠬᠡᠳᠦᠨ ᠵᠢᠯ ᠠᠶᠤᠵᠤ ᠴᠣᠴᠢᠷᠳᠠᠪᠠ ᠤᠤ? ᠶᠠᠳᠠᠷᠠᠵᠤ ᠵᠦᠳᠡᠷᠡᠪᠡ ᠤᠤ? ᠭᠡᠵᠦ ᠪᠠᠷᠠᠭᠤᠨ ᠬᠦᠩ ᠦ᠋ᠨ ᠶᠠᠮᠤᠨ ᠤ᠋ ᠡᠮᠦᠨ᠎ᠡ ᠡᠴᠡ ᠡᠯᠳᠡᠩᠭᠡ ᠲᠤᠰᠠᠯᠠᠭᠴᠢ ᠶ᠋ᠢ ᠣᠷᠣᠯᠠᠵᠤ ᠬᠠᠲᠤᠨ ᠲᠠᠨ ᠤ᠋ ᠠᠮᠤᠷ ᠮᠡᠨᠳᠦ ᠶ᠋ᠢ ᠠᠢᠯᠠᠳᠬᠠᠬᠤ ᠶ᠋ᠢᠨ ᠬᠠᠮᠲᠤ ᠡᠷᠭᠢᠨ ᠬᠠᠲᠤᠨ ᠤ᠋ ᠪᠠᠷᠠᠭᠤᠨ ᠬᠦᠩ ᠦ᠋ᠨ ᠬᠤᠰᠢᠭᠤᠨ ᠳ᠋ᠠᠭᠠᠨ ᠠᠮᠤᠷ ᠲᠠᠢᠪᠤᠩ ᠰᠠᠭᠠᠲᠠᠵᠤ ᠪᠠᠭᠤᠬᠤ ᠶ᠋ᠢ ᠰᠠᠷᠠᠪᠴᠢᠯᠠᠨ ᠪᠠᠷᠠᠯᠠᠨᠠᠮ! ᠭᠡᠳ ᠮᠡᠬᠦᠯᠵᠡᠪᠡ᠃  
       ᠪᠠᠭ᠎ᠠ ᠬᠠᠲᠤᠨ᠂ ᠵᠣᠳᠪᠠ ᠭᠤᠸᠠᠢ ᠶ᠋ᠢᠨ ᠡᠢᠨ ᠬᠦ᠌ ᠬᠦᠨᠳᠦ ᠪᠡᠯᠡᠭ ᠲᠡᠢ ᠢᠷᠡᠵᠦ ᠬᠥᠩᠭᠡᠮᠰᠦᠭ ᠲᠣᠷᠭᠠᠨ ᠵᠠᠩᠨᠠᠬᠤ ᠶ᠋ᠢ ᠬᠠᠷᠠᠭᠠᠳ ᠤᠶᠠᠷᠠᠵᠤ᠄ 
       — ᠶᠠᠭᠤ ᠬᠢᠨ᠎ᠡ ᠪᠣᠢ? ᠡᠨᠡ ᠵᠡᠷᠭᠡ ᠶ᠋ᠢᠨ ᠪᠡᠯᠡᠭ ᠰᠡᠯᠲᠡ ᠪᠡᠷ ᠲᠠ ᠶᠠᠭᠠᠬᠢᠬᠤ ᠨᠢ ᠪᠣᠢ? ᠵᠦᠭᠡᠷ ᠭᠠᠷ ᠬᠣᠭᠣᠰᠣᠨ ᠢᠷᠡᠵᠦ ᠨᠠᠳᠠ ᠲᠠᠢ ᠵᠣᠯᠭᠠᠭᠰᠠᠨ ᠴᠦ᠍ ᠪᠢ ᠠᠳᠠᠯᠢᠬᠠᠨ ᠪᠠᠶᠠᠷᠯᠠᠨ᠎ᠠ ᠭᠡᠯ᠎ᠡ᠃ 
       — ᠶᠠᠭᠤ ᠭᠡᠰᠡᠨ ᠦᠭᠡ ᠪᠣᠢ? ᠪᠠᠭ᠎ᠠ ᠬᠠᠲᠤᠨ ᠰᠧᠯᠢᠩ ᠮᠢᠨᠢ! ᠡᠨᠡ ᠡᠨᠡ ᠴᠢᠨᠢ ᠪᠦᠷ ᠡᠯᠳᠡᠩᠭᠡ ᠲᠤᠰᠠᠯᠠᠭᠴᠢ ᠶ᠋ᠢᠨ ᠰᠡᠳᠬᠢᠯ ᠰᠢᠦ ᠳᠡ! ᠸᠠᠩ ᠰᠣᠬᠣᠷ ᠪᠠᠷᠠᠭᠤᠨ ᠬᠦᠩ ᠦ᠋ᠨ ᠬᠢᠨ ᠦ᠌ ᠨᠤᠲᠤᠭ ᠪᠡᠯᠴᠢᠭᠡᠷ ᠡᠴᠡ ᠳᠡᠭᠡᠰᠦᠯᠡᠵᠦ ᠠᠪᠬᠤ ᠭᠡᠵᠦ ᠭᠣᠷᠢᠳᠠᠭᠰᠠᠨ ᠢ᠋ ᠰᠧᠯᠢᠩ ᠲᠠ ᠡᠷᠡᠰ ᠨᠢᠴᠤᠭᠠᠭᠰᠠᠨ ᠳ᠋ᠤ᠌ ᠪᠠᠷᠠᠭᠤᠨ ᠬᠦᠩ ᠦ᠋ᠨ ᠬᠢᠨ ᠪᠦᠭᠦᠳᠡᠭᠡᠷ ᠢ᠋ᠶ᠋ᠡᠨ ᠪᠠᠶᠠᠷᠯᠠᠵᠤ ᠪᠠᠢᠨ᠎ᠠ ᠰᠢᠦ! 
       — ᠶᠠᠭᠤ ᠬᠠᠮᠢᠶ᠎ᠠ ᠪᠠᠢᠬᠤ ᠪᠣᠢ? ᠸᠠᠩ ᠰᠣᠬᠣᠷ ᠢ᠋ ᠲᠡᠳᠡᠨᠦᠰ ᠮᠡᠳᠡᠬᠦ ᠦᠭᠡᠢ ᠴᠦ᠍ ᠪᠢᠰᠢ ᠳᠡ! ᠴᠠᠳᠬᠤ ᠪᠠᠨ ᠮᠡᠳᠡᠳᠡᠭ ᠦᠭᠡᠢ᠂ ᠴᠢᠰᠤ ᠮᠤᠬᠤᠷ ᠦᠭᠡᠢ ᠬᠣᠳᠣᠭᠣᠳᠣ ᠲᠠᠢ ᠠᠮᠢᠲᠠᠨ! ᠲᠡᠳᠡᠨᠦᠰ ᠦ᠋ᠨ ᠪᠡᠯᠴᠢᠭᠡᠷ ᠬᠢᠮᠤᠰᠤᠯᠠᠬᠤ ᠰᠠᠨᠠᠭ᠎ᠠ ᠶ᠋ᠢ ᠬᠣᠷᠢᠭᠯᠠᠬᠤ ᠦᠭᠡᠢ ᠶᠦᠮ ᠪᠣᠯ ᠶᠠᠪᠤᠨ ᠶᠠᠪᠤᠭᠰᠠᠭᠠᠷ ᠬᠣᠣᠷ ᠨᠢ ᠬᠠᠮᠢᠭ᠎ᠠ ᠲᠤᠰᠬᠤ ᠶ᠋ᠢ ᠬᠡᠨ ᠮᠡᠳᠡᠬᠦ ᠪᠣᠢ⁈
       — ᠶᠠᠭ ᠢᠩᠭᠢᠬᠦᠯᠡᠷ ᠥᠴᠦᠬᠡᠨ ᠪᠢ ᠪᠠᠷᠠᠭᠤᠨ ᠬᠦᠩ ᠦ᠋ᠨ ᠶᠠᠮᠤᠨ ᠤ᠋ ᠡᠮᠦᠨ᠎ᠡ ᠡᠴᠡ ᠡᠯᠳᠡᠩᠭᠡ ᠲᠤᠰᠠᠯᠠᠭᠴᠢ ᠶ᠋ᠢᠨ ᠨᠠᠢᠳᠠᠯᠭ᠎ᠠ ᠪᠠᠷ ᠡᠷᠭᠢᠨ ᠪᠠᠭ᠎ᠠ ᠬᠠᠲᠤᠨ ᠰᠧᠯᠢᠩ ᠢ᠋ ᠤᠷᠢᠳ ᠠ᠋ᠴᠠ ᠤᠭᠲᠤᠵᠤ ᠪᠠᠢᠭ᠎ᠠ ᠪᠠᠨ ᠢᠯᠡᠳᠬᠡᠭᠰᠡᠨ ᠢ᠋ ᠬᠦᠯᠢᠶᠡᠨ ᠠᠪᠤᠨ᠎ᠠ ᠤᠤ⁈ ᠭᠡᠵᠦ ᠵᠣᠳᠪᠠ ᠭᠤᠸᠠᠢ ᠢᠷᠡᠭᠰᠡᠨ ᠵᠣᠷᠢᠭᠰᠠᠨ ᠢ᠋ᠶ᠋ᠠᠨ ᠳᠠᠬᠢᠨᠲᠠ ᠢᠯᠡᠳᠬᠡᠭᠰᠡᠨ ᠳ᠋ᠦ᠍ ᠪᠠᠭ᠎ᠠ ᠬᠠᠲᠤᠨ᠄ 
       — ᠲᠠᠨ ᠳ᠋ᠤ᠌ ᠭᠢᠯᠠᠢᠯ᠎ᠠ! ᠲᠠ ᠤᠷᠢᠳ ᠢ᠋ᠶ᠋ᠠᠷ ᠬᠠᠷᠢᠭᠠᠴᠢ! ᠪᠢ ᠬᠡᠳᠦ ᠬᠣᠨᠣᠭ ᠠ᠋ᠴᠠ ᠬᠠᠷᠢᠨ᠎ᠠ᠃ ᠡᠯᠳᠡᠩᠭᠡ ᠲᠤᠰᠠᠯᠠᠭᠴᠢ ᠶ᠋ᠢᠨ ᠰᠠᠨᠠᠭ᠎ᠠ ᠶ᠋ᠢ ᠲᠣᠭᠲᠠᠭᠠᠯ᠎ᠠ᠃ ᠮᠡᠨᠳᠦ ᠶ᠋ᠢ ᠨᠢ ᠠᠰᠠᠭᠤᠵᠤ ᠪᠠᠢᠨ᠎ᠠ ᠭᠡᠵᠦ ᠳᠠᠮᠵᠢᠭᠤᠯᠤᠭᠠᠷᠠᠢ! ᠭᠡᠰᠡᠨ ᠳ᠋ᠦ᠍ ᠷᠠᠰᠢ ᠵᠠᠬᠢᠷᠤᠭᠴᠢ ᠪᠠᠭ᠎ᠠ ᠬᠠᠲᠤᠨ ᠤ᠋ ᠴᠢᠬᠢᠨ ᠳ᠋ᠦ᠍《 ᠢᠷᠡᠭᠰᠡᠨ ᠬᠥᠮᠦᠨ ᠤᠴᠢᠷ ᠲᠠᠢ᠂ ᠢᠨᠢᠶᠡᠭᠰᠡᠨ ᠬᠥᠮᠦᠨ ᠭᠡᠮ ᠲᠡᠢ ᠭᠡᠳᠡᠭ ᠶᠦᠮ᠃ ᠡᠯᠳᠡᠩᠭᠡ ᠶ᠋ᠢᠨ ᠨᠠᠭᠠᠳᠤᠭᠰᠠᠨ ᠪᠠᠰᠢᠷ ᠲᠤ ᠣᠷᠢᠶᠠᠭᠳᠠᠬᠤ ᠪᠠᠨ ᠬᠡᠷᠰᠡᠦᠯᠡᠭᠡᠷᠡᠢ!》 ᠭᠡᠰᠡᠨ ᠢ᠋ ᠪᠠᠭ᠎ᠠ ᠬᠠᠲᠤᠨ ᠰᠠᠨᠠᠭᠠᠨ ᠳ᠋ᠠᠭᠠᠨ ᠠᠪᠤᠭᠰᠠᠨ ᠦᠭᠡᠢ᠃ ᠵᠣᠳᠪᠠ ᠮᠡᠢᠷᠡᠨ ᠲᠡᠢ ᠡᠢᠨ ᠲᠡᠢᠨ ᠭᠡᠵᠦ ᠬᠦᠦᠷᠨᠢᠨ ᠲᠡᠭᠦᠨ ᠢ᠋ ᠦᠳᠡᠪᠡ᠃ 
       ᠵᠣᠳᠪᠠ ᠮᠡᠢᠷᠡᠨ ᠤᠷᠢᠳ ᠠ᠋ᠴᠠ ᠪᠠᠭ᠎ᠠ ᠬᠠᠲᠤᠨ ᠢ᠋ ᠤᠭᠲᠤᠬᠤ ᠵᠠᠮ ᠢ᠋ ᠰᠢᠯᠤᠭᠤᠳᠬᠠᠭᠰᠠᠨ ᠤ᠋ ᠰᠠᠢᠨ ᠢ᠋ᠶ᠋ᠠᠷ ᠪᠠᠭ᠎ᠠ ᠬᠠᠲᠤᠨ ᠤ᠋ ᠳᠣᠲᠣᠷ᠎ᠠ ᠨᠢᠭᠡ ᠯᠡ ᠣᠩᠭᠣᠢᠵᠤ《 ᠪᠠᠷᠠᠭᠤᠨ ᠬᠦᠩ ᠳ᠋ᠡᠭᠡᠨ ᠪᠤᠴᠠᠬᠤ ᠳ᠋ᠤ᠌ ᠡᠯᠳᠡᠩᠭᠡ ᠨᠠᠷ ᠶᠠᠭᠠᠬᠢᠳᠠᠭ ᠪᠣᠯ? ᠢᠢᠳᠡᠭ ᠪᠣᠯ?》 ᠭᠡᠰᠡᠨ ᠪᠣᠳᠣᠯ ᠤ᠋ᠨ ᠡᠭᠡᠳᠡᠷᠡᠭᠡ ᠠᠯᠳᠠᠷᠠᠵᠤ᠂ ᠰᠡᠳᠬᠢᠯ ᠳ᠋ᠦ᠍ ᠬᠦᠨᠳᠦᠷᠡᠭᠡᠳ ᠪᠠᠢᠭᠰᠠᠨ ᠬᠡᠰᠡᠭ ᠴᠢᠯᠠᠭᠤ ᠤᠨᠠᠭᠰᠠᠨ ᠮᠡᠲᠦ ᠲᠠᠢᠪᠤᠰᠢᠷᠠᠪᠠ᠃  
       ᠲᠡᠭᠡᠬᠦ ᠳᠦ ᠲᠡᠭᠦᠨ ᠦ ᠪᠠᠷᠠᠭᠤᠨ ᠭᠥᠩ ᠳ᠋ᠡᠭᠡᠨ ᠪᠤᠴᠠᠬᠤ ᠰᠡᠳᠬᠢᠯ ᠢ ᠬᠡᠨ ᠨᠢᠭᠡ ᠨᠢ ᠠᠷᠤ ᠬᠣᠢᠨ᠎ᠠ ᠠᠴᠠ ᠨᠢ ᠭᠠᠯᠳᠠᠵᠤ ᠬᠥᠪᠢᠭᠡᠳ ᠪᠠᠢᠬᠤ ᠰᠢᠭ᠋ ᠶᠠᠭᠠᠷᠠᠭᠤᠯᠬᠤ ᠶᠢ ᠶᠠᠭᠠᠬᠢᠨ᠎ᠠ⁈  


        ᠦᠰᠦᠭ ᠠᠮᠢᠯᠠᠭᠤᠯᠤᠭᠰᠠᠨ ᠨᠢ᠄ ᠣᠳᠣᠨᠬᠤᠸᠠᠷ