ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠵᠢᠷᠭᠤᠭ᠎ᠠ Үүрийн туяа II – Б ᠂ Ренчин Хоёрдугаар дэвтэр "Гал усны гашуун зовлон"-16 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠵᠢᠷᠭᠤᠭ᠎ᠠ Үүрийн туяа II – Б ᠂ Ренчин Хоёрдугаар дэвтэр "Гал усны гашуун зовлон"-16

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠵᠢᠷᠭᠤᠭ᠎ᠠ Үүрийн туяа II – Б ᠂ Ренчин Хоёрдугаар дэвтэр "Гал усны гашуун зовлон"-16

ᠠᠩᠭᠢᠯᠠᠯ:ᠲᠤᠭᠤᠵᠢ ᠷᠣᠮᠠᠨ
2025-01-30

277

ᠠᠷᠪᠠᠨ ᠵᠢᠷᠭᠤᠭ᠎ᠠ᠂ ᠪᠢᠳᠡᠨ ᠶᠠᠪᠤᠭᠰᠠᠨ ᠨᠢ

    
                 ᠦᠵᠡᠭᠰᠡᠨ ᠳᠠᠯᠠᠢ᠂ ᠦᠵᠡᠭᠡ ᠦᠭᠡᠢ ᠪᠠᠯᠠᠢ᠃     
                           ᠰᠡᠴᠡᠨ ᠦᠭᠡ  

       ᠬᠣᠪᠲᠣ ᠶ᠋ᠢᠨ ᠰᠠᠩ ᠤ᠋ᠨ ᠬᠣᠲᠠ ᠶ᠋ᠢ ᠬᠠᠮᠠᠭᠠᠯᠠᠵᠤ ᠪᠠᠢᠭᠰᠠᠨ ᠮᠠᠨᠵᠤ ᠴᠡᠷᠢᠭ ᠢ᠋ ᠪᠠᠭᠤᠵᠤ ᠥᠭᠬᠦ ᠳ᠋ᠦ᠍᠂ ᠬᠠᠮᠤᠭ ᠤ᠋ᠨ ᠰᠡᠭᠦᠯᠴᠢ ᠶ᠋ᠢᠨ ᠮᠠᠨᠵᠤ ᠴᠡᠷᠢᠭ᠂ ᠠᠯᠴᠠᠭᠠᠷ᠂ ᠨᠠᠮᠬᠠᠨ ᠨᠢᠷᠤᠭᠤ ᠲᠠᠢ᠂ ᠥᠷᠭᠡᠨ ᠰᠢᠨᠠᠭ᠎ᠠ(ᠰᠢᠨᠠ) ᠲᠠᠢ᠂ ᠰᠠᠷᠨᠠᠭᠠᠷ(ᠰᠠᠷᠲᠠᠭᠠᠷ) ᠬᠠᠮᠠᠷ ᠲᠠᠢ ᠰᠣᠯᠣᠨ ᠡᠸᠡᠩᠬᠢ ᠶ᠋ᠢ ᠪᠠᠷᠢᠭᠰᠠᠨ ᠫᠤᠤ ᠰᠡᠯᠡᠮ᠎ᠡ ᠪᠡᠨ ᠣᠪᠣᠭᠠᠯᠠᠭᠰᠠᠨ ᠵᠢᠳᠠ᠂ ᠰᠡᠯᠡᠮ᠎ᠡ᠂ ᠢᠯᠳᠦ᠂ ᠰᠡᠷᠡᠭᠡ᠂ ᠲᠤᠭ᠂ ᠳᠠᠯᠪᠠᠭ᠎ᠠ᠂ ᠬᠢᠭᠢᠷᠢ᠂ ᠫᠤᠤ ᠶ᠋ᠢᠨ ᠳᠡᠭᠡᠷ᠎ᠡ ᠬᠠᠶᠠᠵᠤ ᠵᠠᠪᠳᠤᠭ᠎ᠠ ᠦᠭᠡᠢ ᠪᠠᠢᠲᠠᠯ᠎ᠠ ᠮᠠᠭᠰᠤᠷᠵᠠᠪ᠂ ᠳᠠᠮᠳᠢᠨᠰᠦ᠋ᠷᠦᠩ ᠬᠣᠶᠠᠷ ᠵᠠᠩᠵᠤᠨ ᠰᠠᠢᠳ ᠳᠡᠭᠡᠷ᠎ᠡ ᠴᠡᠷᠢᠭ ᠳᠣᠪᠲᠣᠯᠤᠨ ᠢᠷᠡᠵᠦ᠂ ᠬᠤᠳᠠᠯᠳᠤᠭᠠᠨ ᠤ᠋ ᠬᠣᠲᠠ᠂ ᠰᠠᠩ ᠤ᠋ᠨ ᠬᠣᠲᠠ ᠬᠣᠶᠠᠷ ᠢ᠋ ᠳᠡᠭᠡᠷᠡᠮᠳᠡᠨ ᠲᠡᠯᠡᠵᠦ ᠡᠬᠢᠯᠡᠭᠰᠡᠨ ᠦ᠌ ᠮᠡᠳᠡᠭᠡ ᠬᠦᠷᠭᠡᠵᠦ ᠢᠷᠡᠪᠡ᠃ 
       ᠬᠤᠳᠠᠯᠳᠤᠭᠠᠨ ᠤ᠋ ᠬᠣᠲᠠ᠂ ᠳᠠᠩ ᠶᠡᠬᠡ ᠪᠠᠭ᠎ᠠ ᠳᠡᠯᠭᠡᠭᠦᠷ᠂ ᠮᠥᠩᠭᠥ ᠬᠦᠦᠯᠡᠬᠦ᠂ ᠮᠥᠨ ᠵᠦᠢᠯ ᠪᠦᠷᠢ ᠶ᠋ᠢᠨ ᠪᠠᠷᠠᠭ᠎ᠠ ᠮᠠᠢᠮᠠᠢᠯᠠᠬᠤ᠂ ᠪᠠᠶᠠᠨ ᠫᠦᠰᠡ ᠲᠡᠢ ᠪᠥᠭᠡᠳ ᠰᠠᠩ ᠤ᠋ᠨ ᠬᠣᠲᠠ ᠭᠡᠳᠡᠭ ᠴᠠᠢᠵᠠ ᠶ᠋ᠢᠨ ᠳᠣᠲᠣᠷ᠎ᠠ ᠴᠡᠷᠢᠭ ᠦ᠋ᠨ ᠬᠡᠷᠡᠭᠯᠡᠯ᠂ ᠴᠠᠯᠢᠩ᠂ ᠠᠮᠤ ᠪᠤᠳᠠᠭ᠎ᠠ ᠵᠡᠷᠭᠡ ᠶ᠋ᠢ ᠬᠠᠳᠠᠭᠠᠯᠠᠬᠤ ᠰᠠᠩ ᠬᠥᠮᠥᠷᠭᠡ᠂ ᠮᠣᠩᠭᠣᠯ ᠭᠠᠵᠠᠷ ᠭᠤᠷᠪᠠᠨ ᠵᠢᠯ ᠦ᠋ᠨ ᠬᠤᠭᠤᠴᠠᠭ᠎ᠠ ᠪᠠᠷ ᠰᠠᠭᠤᠬᠤ ᠵᠠᠪᠰᠠᠷ ᠠᠯᠪᠠᠨ ᠲᠠᠲᠠᠪᠤᠷᠢ ᠲᠠᠲᠠᠬᠤ᠂ ᠬᠠᠬᠤᠤᠯᠢ ᠠᠪᠤᠯᠭ᠎ᠠ ᠠᠪᠬᠤ᠂ ᠠᠯᠪᠠᠨ ᠤ᠋ ᠡᠳ᠋ ᠬᠥᠷᠥᠩᠭᠡ ᠢᠳᠡᠬᠦ ᠵᠡᠷᠭᠡ ᠪᠡᠷ ᠬᠥᠷᠥᠩᠭᠡᠵᠢᠬᠦ ᠶ᠋ᠢ ᠪᠣᠳᠣᠳᠠᠭ ᠰᠢᠨᠤᠬᠠᠢ ᠬᠣᠪᠳᠣᠭ ᠮᠠᠨᠵᠤ ᠲᠦᠰᠢᠮᠡᠳ ᠦ᠋ᠨ ᠣᠷᠣᠨ ᠰᠠᠭᠤᠴᠠ ᠨᠢ ᠭᠠᠵᠠᠷ ᠭᠠᠵᠠᠷ᠂ ᠨᠤᠲᠤᠭ ᠨᠤᠲᠤᠭ ᠤ᠋ᠨ ᠣᠯᠠᠨ ᠠᠪᠤ ᠶ᠋ᠢᠨ ᠬᠦᠦ ᠨᠡᠢᠯᠡᠵᠦ ᠪᠦᠷᠢᠳᠦᠭᠰᠡᠨ ᠴᠡᠷᠢᠭ ᠦ᠋ᠨ ᠬᠣᠷᠣᠬᠠᠢ ᠬᠦᠷᠦᠮᠡᠷ ᠶᠠᠭᠤᠮ᠎ᠠ ᠲᠠᠢ ᠪᠠᠢᠵᠠᠢ᠃ 
       ᠣᠯᠠᠨ ᠬᠣᠰᠢᠭᠤ ᠠ᠋ᠴᠠ ᠮᠣᠷᠳᠠᠭᠰᠠᠨ ᠴᠡᠷᠢᠭ ᠦ᠋ᠨ ᠣᠯᠠᠨ ᠪᠠᠭ ᠢ᠋ ᠵᠠᠬᠢᠷᠤᠭᠰᠠᠨ ᠳᠠᠷᠤᠭ᠎ᠠ ᠨᠠᠷ᠂ ᠲᠠᠪᠢᠨ ᠤ᠋᠂ ᠵᠠᠭᠤᠨ ᠤ᠋ ᠨᠣᠶᠠᠳ ᠲᠠᠢᠵᠢ ᠨᠠᠷ᠂ ᠬᠣᠪᠲᠣ ᠶ᠋ᠢ ᠪᠦᠰᠡᠯᠡᠨ ᠪᠠᠢᠯᠳᠤᠬᠤ ᠦᠶᠡᠰ᠂ ᠠᠷᠠᠭ᠎ᠠ ᠪᠤᠶᠤ ᠰᠢᠳᠦ ᠪᠡᠨ ᠵᠠᠭᠤᠵᠤ ᠰᠡᠳᠬᠢᠯ ᠢ᠋ᠶ᠋ᠡᠨ ᠲᠦᠷ ᠬᠠᠲᠠᠮᠵᠢᠯᠠᠨ ᠨᠢᠭᠡᠨ ᠤᠳᠤᠷᠢᠳᠤᠯᠭ᠎ᠠ ᠶ᠋ᠢ ᠳᠠᠭᠠᠬᠤ ᠠ᠋ᠴᠠ ᠥᠭᠡᠷ᠎ᠡ ᠵᠠᠮ ᠦᠭᠡᠢ ᠪᠠᠢᠭᠰᠠᠨ ᠨᠢ ᠬᠣᠪᠲᠣ ᠶ᠋ᠢᠨ ᠬᠤᠳᠠᠯᠳᠤᠭᠠᠨ ᠤ᠋ ᠬᠢᠭᠡᠳ ᠰᠠᠩ ᠤ᠋ᠨ ᠬᠣᠲᠠ ᠶ᠋ᠢ ᠨᠢᠭᠡᠨᠲᠡ ᠪᠠᠢᠯᠳᠤᠨ ᠡᠵᠡᠯᠡᠮᠡᠭᠴᠡ᠂ ᠮᠢᠩᠭᠠᠨ ᠰᠡᠭᠦᠯ ᠲᠡᠢ ᠨᠢᠭᠡ ᠲᠣᠯᠣᠭᠠᠢ ᠲᠠᠢ ᠮᠣᠭᠠᠢ ᠶ᠋ᠢᠨ ᠦᠯᠢᠭᠡᠷ ᠢ᠋ᠶ᠋ᠡᠷ ᠨᠢᠭᠡᠨ ᠭᠠᠵᠠᠷ ᠵᠠᠬᠢᠷᠤᠭᠳᠠᠵᠤ ᠪᠠᠢᠭᠰᠠᠨ ᠲᠡᠷᠡ ᠣᠯᠠᠨ ᠳᠠᠷᠤᠭ᠎ᠠ ᠳᠠᠷᠤᠢ ᠨᠢᠭᠡᠨ ᠰᠡᠭᠦᠯᠲᠦ ᠮᠢᠩᠭᠠᠨ ᠲᠣᠯᠣᠭᠠᠢᠲᠤ ᠮᠣᠭᠠᠢ ᠶ᠋ᠢᠨ ᠦᠯᠢᠭᠡᠷ ᠢ᠋ᠶ᠋ᠡᠷ ᠭᠱᠠᠨ ᠳᠣᠲᠣᠷ᠎ᠠ ᠳᠣᠣᠷ᠎ᠠ ᠳᠣᠣᠷ᠎ᠠ ᠪᠠᠨ ᠲᠣᠰᠪᠣᠷᠢ ᠶ᠋ᠢᠨ ᠬᠠᠷᠢᠶᠠᠲᠤ ᠴᠡᠷᠢᠭ ᠢ᠋ ᠮᠡᠳᠡᠵᠦ ᠨᠢᠭᠡᠨ ᠤᠳᠤᠷᠢᠳᠤᠯᠭ᠎ᠠ ᠶ᠋ᠢ ᠳᠠᠭᠠᠬᠤ ᠦᠭᠡᠢ ᠪᠣᠯᠵᠠᠢ᠃  
       ᠬᠠᠮᠤᠭ ᠤ᠋ᠨ ᠲᠡᠷᠢᠭᠦᠨ ᠳ᠋ᠦ᠍ ᠡᠳ᠋ ᠲᠦ᠍ ᠰᠢᠨᠤᠨ ᠳᠠᠭᠠᠷᠢᠭᠰᠠᠨ ᠨᠢ ᠥᠪᠥᠷᠯᠡᠭᠴᠢᠳ ᠦ᠋ᠨ ᠬᠡᠳᠦᠨ ᠪᠠᠭ ᠴᠡᠷᠢᠭ ᠦ᠋ᠨ ᠳᠠᠢᠴᠢᠨ ᠴᠠᠬᠠᠷ ᠬᠠᠷᠠᠴᠢᠨ ᠪᠢᠯᠡ᠃ ᠲᠡᠳᠡᠨ ᠦ᠌ ᠳᠤᠮᠳᠠ᠂ ᠤᠷᠢᠳᠤ ᠴᠤ᠌ ᠶᠡᠬᠡ ᠭᠣᠪᠢ ᠴᠦᠯ ᠭᠠᠵᠠᠷ ᠬᠢᠲᠠᠳ ᠬᠤᠳᠠᠯᠳᠤᠭᠠᠨ ᠤ᠋ ᠠᠶᠠᠨ ᠵᠢᠩ ᠦ᠋ᠨ ᠠᠴᠢᠶ᠎ᠠ ᠪᠠᠷᠠᠭ᠎ᠠ ᠶ᠋ᠢ ᠬᠠᠯᠳᠠᠨ᠂ ᠲᠡᠮᠦᠷ ᠮᠡᠲᠦ ᠬᠠᠲᠠᠭᠤ ᠭᠠᠷ ᠢ᠋ᠶ᠋ᠠᠷ ᠳᠠᠯᠠᠨ ᠳᠡᠭᠡᠷᠡᠮᠳᠡᠵᠦ ᠰᠤᠷᠤᠭᠰᠠᠨ ᠨᠣᠭᠣᠭᠠᠨ ᠰᠢᠭᠤᠢ ᠶ᠋ᠢᠨ ᠰᠠᠢᠨ ᠡᠷᠡᠰ ᠨᠡᠯᠢᠶᠡᠳ ᠪᠠᠢᠭᠰᠠᠨ ᠨᠢ ᠮᠣᠩᠭᠣᠯ ᠤᠯᠤᠰ ᠤ᠋ᠨ ᠲᠤᠯᠭᠤᠷ ᠲᠥᠷᠥ ᠶ᠋ᠢᠨ ᠴᠡᠷᠢᠭ ᠦ᠋ᠨ ᠠᠯᠪᠠᠨ᠎ᠠ ᠡᠯᠰᠡᠨ ᠣᠷᠣᠬᠤ ᠳ᠋ᠠᠭᠠᠨ ᠠᠰᠢᠭ ᠵᠠᠪᠰᠢᠶᠠᠨ ᠢ᠋ ᠠᠮᠠᠷᠬᠠᠨ ᠣᠯᠬᠤ ᠰᠠᠨᠠᠭ᠎ᠠ ᠪᠠᠷ ᠴᠡᠷᠢᠭ ᠪᠣᠯᠤᠭᠰᠠᠨ ᠠᠵᠤᠭᠤ᠃ ᠪᠠᠷᠠᠭᠤᠨ ᠬᠢᠵᠠᠭᠠᠷ ᠢ᠋ ᠲᠦᠪᠰᠢᠳᠬᠡᠨ ᠲᠣᠭᠲᠠᠭᠠᠬᠤ ᠬᠣᠶᠠᠷ ᠰᠠᠢᠳ ᠡᠯ᠎ᠡ ᠲᠦᠭᠰᠢᠭᠦᠷᠢ ᠲᠡᠢ ᠮᠡᠳᠡᠭᠡ ᠶ᠋ᠢ ᠣᠯᠵᠤ ᠰᠣᠨᠣᠰᠤᠮᠠᠭᠴᠠ᠂ ᠶᠡᠬᠡ ᠴᠡᠷᠢᠭ ᠦ᠋ᠨ ᠭᠣᠣᠯ ᠪᠣᠯᠤᠭᠰᠠᠨ᠂ ᠰᠠᠬᠢᠯᠭ᠎ᠠ ᠰᠠᠢᠲᠠᠢ᠂ ᠬᠤᠵᠢᠷᠪᠤᠯᠤᠩ ᠤ᠋ᠨ ᠴᠥᠭᠡᠬᠡᠨ ᠬᠡᠳᠦᠨ ᠴᠡᠷᠢᠭ ᠢ᠋ ᠲᠦᠰᠢᠨ᠂ ᠳᠡᠭᠡᠷᠡᠮ ᠲᠣᠨᠣᠭᠤᠯ ᠢ᠋ ᠵᠣᠭᠰᠣᠭᠠᠨ᠂ ᠣᠯᠵᠠ ᠶ᠋ᠢᠨ ᠬᠣᠢᠨ᠎ᠠ ᠠ᠋ᠴᠠ ᠳᠠᠭᠠᠷᠢᠨ ᠣᠷᠣᠭᠰᠠᠨ ᠨᠤᠲᠤᠭ ᠤ᠋ᠨ ᠴᠡᠷᠢᠭ ᠢ᠋ ᠲᠡᠳᠡᠨ ᠬᠣᠷᠢᠭᠯᠠᠵᠤ᠂ ᠴᠠᠢᠵᠠ ᠶᠢᠨ ᠰᠠᠩ ᠬᠥᠮᠥᠷᠭᠡ᠂ ᠬᠤᠳᠠᠯᠳᠤᠭᠠᠨ ᠤ᠋ ᠫᠦᠰᠡ ᠳᠡᠯᠭᠡᠭᠦᠷ ᠡᠴᠡ  ᠬᠦᠴᠦ ᠮᠡᠳᠡᠨ ᠪᠤᠯᠢᠶᠠᠨ ᠠᠪᠤᠭᠰᠠᠨ ᠵᠦᠢᠯ ᠢ᠋ ᠬᠣᠷᠢᠶᠠᠨ ᠠᠪᠬᠤ ᠠᠷᠭ᠎ᠠ ᠰᠦᠪᠡᠭᠴᠢᠯᠡᠪᠡᠯ᠂ ᠵᠠᠷᠢᠮ ᠪᠠᠭ ᠴᠡᠷᠢᠭ᠂ ᠶᠡᠬᠡ ᠲᠥᠯᠥᠪ ᠬᠤᠷᠳᠤᠨ ᠫᠤᠤ ᠵᠡᠪᠰᠡᠭ ᠰᠠᠢᠲᠠᠢ ᠥᠪᠥᠷᠯᠡᠭᠴᠢᠳ ᠨᠢᠭᠡᠨᠲᠡ ᠬᠤᠪᠢᠶᠠᠵᠤ ᠠᠪᠤᠭᠰᠠᠨ ᠣᠯᠵᠠ᠂ ᠮᠥᠩᠭᠥ ᠲᠣᠷᠭ᠎ᠠ᠂ ᠠᠩ ᠤ᠋ᠨ ᠦᠰᠦ ᠶ᠋ᠢ ᠬᠡᠷᠬᠢᠪᠡᠴᠦ ᠪᠤᠴᠠᠭᠠᠨ ᠬᠤᠷᠢᠶᠠᠯᠭᠠᠬᠤ ᠦᠭᠡᠢ ᠭᠡᠵᠦ ᠡᠰᠡᠷᠭᠦᠴᠡᠪᠡ᠃    
       — ᠲᠥᠷᠥᠭᠰᠡᠨ ᠨᠤᠲᠤᠭ ᠠ᠋ᠴᠠ ᠲᠦᠮᠡᠨ ᠦ᠌ ᠭᠠᠵᠠᠷ ᠬᠦᠷᠴᠦ ᠢᠷᠡᠭᠡᠳ᠂ ᠬᠠᠷᠢᠳᠠᠨ ᠳᠠᠢᠰᠤᠨ ᠲᠠᠢ ᠬᠠᠯᠠᠭᠤᠨ ᠠᠮᠢ᠂ ᠪᠦᠯᠢᠶᠡᠨ ᠴᠢᠰᠤ ᠪᠠᠨ ᠬᠠᠢᠷᠠᠯᠠᠯ ᠦᠭᠡᠢ ᠪᠠᠢᠯᠳᠤᠭᠠᠳ ᠣᠯᠤᠭᠰᠠᠨ ᠣᠯᠵᠠ ᠠ᠋ᠴᠠ ᠬᠤᠪᠢ ᠬᠦᠷᠲᠡᠭᠡᠬᠦ ᠦᠭᠡᠢ ᠪᠠᠢᠵᠤ ᠶᠠᠭᠠᠬᠢᠵᠤ ᠪᠣᠯᠬᠤ ᠪᠢᠯᠡ? ᠲᠡᠢᠨ ᠳ᠋ᠦ᠍ ᠶᠠᠪᠤᠭᠰᠠᠨ ᠴᠡᠷᠢᠭ ᠦ᠋ᠨ ᠡᠷ᠎ᠡ᠂ ᠳᠠᠢᠰᠤᠨ ᠢ᠋ᠶ᠋ᠠᠨ ᠳᠠᠷᠤᠭᠠᠳ ᠭᠠᠷ ᠬᠣᠭᠣᠰᠣᠨ ᠡᠭᠡᠬᠦ ᠶᠣᠰᠣ ᠦᠭᠡᠢ᠃ ᠲᠠ ᠨᠠᠷ ᠬᠦᠴᠦ ᠬᠦᠷᠬᠦ ᠪᠣᠯ ᠦᠵᠡᠯᠴᠡᠵᠦ ᠪᠠᠢᠭᠠᠳ ᠬᠤᠷᠢᠶᠠᠵᠤ ᠠᠪ᠃ ᠴᠢᠰᠤ ᠪᠠᠨ ᠤᠷᠤᠰᠬᠠᠵᠤ ᠣᠯᠤᠭᠰᠠᠨ ᠡᠳ᠋ ᠢ᠋ ᠪᠢᠳᠡ ᠲᠠ ᠨᠠᠷ ᠲᠤ᠌ ᠵᠦᠭᠡᠷ ᠬᠤᠷᠢᠶᠠᠯᠭᠠᠵᠤ ᠴᠢᠳᠠᠬᠤ ᠦᠭᠡᠢ ᠭᠡᠵᠦ ᠶᠡᠷᠦ᠂ ᠳᠡᠭᠡᠷᠡᠮ ᠲᠣᠨᠣᠭᠤᠯ ᠢ᠋ ᠵᠣᠭᠰᠣᠭᠠᠬᠤ ᠭᠡᠵᠦ ᠶᠠᠪᠤᠭᠤᠯᠤᠭᠰᠠᠨ ᠬᠡᠳᠦᠨ ᠠᠷᠪᠠᠨ ᠤ᠋ ᠴᠡᠷᠢᠭ ᠦ᠋ᠨ ᠦᠭᠡ ᠶ᠋ᠢ ᠰᠣᠨᠣᠰᠤᠭᠰᠠᠨ ᠦᠭᠡᠢ᠃   
       ᠲᠡᠢᠨᠬᠦ(ᠲᠡᠢᠨ ᠬᠦ᠌) ᠪᠠᠷᠤᠭ ᠮᠢᠩᠭᠠᠨ ᠴᠡᠷᠢᠭ ᠦ᠋ᠨ ᠳᠣᠲᠣᠷ᠎ᠠ ᠠ᠋ᠴᠠ ᠴᠥᠭᠡᠩᠬᠢ ᠨᠢ ᠳᠠᠭᠠᠭᠠᠵᠤ ᠶᠠᠳᠠᠮ᠎ᠠ ᠣᠯᠵᠠ ᠣᠯᠵᠤ᠂ ᠪᠤᠰᠤᠳ ᠨᠢ ᠲᠡᠢᠨ ᠬᠢᠬᠦ ᠳ᠋ᠡᠭᠡᠨ (ᠳ᠋ᠦ᠍ ᠪᠡᠨ) ᠪᠢᠳᠡ ᠪᠦᠭᠦᠳᠡ ᠬᠢᠵᠦ᠂ ᠪᠠᠢᠯᠳᠤᠭᠠᠨ ᠳ᠋ᠤ᠌ ᠦᠬᠦᠬᠦ ᠠᠶᠤᠯ ᠨᠢᠭᠡᠨ ᠠᠳᠠᠯᠢ ᠪᠠᠢᠭᠰᠠᠨ ᠪᠣᠯᠪᠠᠴᠤ᠂ ᠢᠴᠢᠬᠦ ᠨᠢᠭᠤᠷ ᠦᠭᠡᠢ ᠴᠥᠭᠡᠬᠡᠨ ᠡᠲᠡᠭᠡᠳ ᠡᠴᠦᠰ ᠲᠦ᠋ᠨᠢ (ᠳ᠋ᠦ᠍ ᠨᠢ) ᠵᠠᠪᠰᠢᠪᠠ᠃ ᠣᠯᠠᠩᠬᠢ ᠳ᠋ᠤ᠌ ᠬᠦᠷᠲᠡᠭᠡᠯ ᠦᠭᠡᠢ᠂ ᠤᠯᠤᠰ ᠤ᠋ᠨ ᠰᠠᠩ ᠳ᠋ᠤ᠌ ᠭᠡᠵᠦ ᠬᠤᠷᠢᠶᠠᠭᠰᠠᠨ ᠲᠡᠷᠡ ᠡᠳ᠋᠂ ᠤᠯᠤᠰ ᠣᠯᠠᠨ ᠳ᠋ᠤ᠌ ᠪᠠᠰᠠ ᠬᠦᠷᠲᠡᠬᠦ ᠦᠭᠡᠢ᠂ ᠮᠥᠨ ᠠᠨᠠᠢ᠂ ᠨᠣᠶᠠᠳ ᠲᠦᠰᠢᠮᠡᠳ ᠦ᠋ᠨ ᠵᠡᠷᠭᠡ ᠴᠥᠭᠡᠬᠡᠨ ᠡᠲᠡᠭᠡᠳ ᠦ᠋ᠨ ᠵᠠᠪᠰᠢᠬᠤ ᠶᠠᠭᠤᠮ᠎ᠠ ᠪᠣᠯᠵᠤ᠂ ᠤᠯᠤᠰ ᠣᠯᠠᠨ᠂ ᠲᠡᠷᠡᠴᠢᠯᠡᠨ ᠪᠠᠢᠯᠳᠤᠨ ᠲᠡᠮᠡᠴᠡᠵᠦ᠂ ᠲᠡᠷᠡ ᠡᠳ᠋ ᠣᠯᠵᠠ ᠣᠯᠤᠭᠰᠠᠨ ᠪᠢᠳᠡ᠂ ᠪᠠᠷᠠᠭ᠎ᠠ(ᠪᠠᠷ᠎ᠠ) ᠶ᠋ᠢ ᠨᠢ ᠴᠦ᠍ ᠬᠠᠷᠠᠬᠤ ᠦᠭᠡᠢ ᠪᠣᠯᠵᠠᠢ ᠭᠡᠵᠦ ᠵᠢᠪᠡᠭᠦᠴᠡᠨ ᠬᠡᠯᠡᠯᠴᠡᠪᠡ᠃ 
       — ᠲᠡᠢᠮᠦ ᠪᠣᠯᠪᠠᠴᠤ᠂ ᠪᠢᠳᠡᠨ ᠦ᠌ ᠬᠠᠮᠲᠤ ᠲᠡᠢᠨ ᠬᠢᠵᠦ ᠶᠠᠪᠤᠭᠰᠠᠨ ᠳᠠᠮᠳᠢᠨᠰᠦ᠋ᠷᠦᠩ ᠮᠠᠭᠰᠤᠷᠵᠠᠪ ᠬᠣᠶᠠᠷ ᠵᠠᠩᠵᠤᠨ ᠰᠠᠢᠳ᠂ ᠪᠠᠰᠠ ᠯᠠ ᠣᠯᠤᠭᠰᠠᠨ ᠣᠯᠵᠠ ᠠ᠋ᠴᠠ ᠪᠠᠨ ᠬᠤᠪᠢ ᠬᠦᠷᠲᠡᠬᠦ ᠦᠭᠡᠢ ᠪᠠᠢᠯ ᠦᠭᠡᠢ ᠳᠡ ᠭᠡᠵᠦ ᠰᠢᠷᠴᠢᠨ ᠪᠣᠳᠣᠵᠤ ᠰᠠᠨᠠᠭᠰᠠᠨ ᠢ᠋ᠶ᠋ᠠᠨ ᠨᠢᠭᠡᠨ ᠡᠪᠦᠭᠡᠨ ᠴᠡᠷᠢᠭ ᠲᠦ᠍ ᠬᠡᠯᠡᠪᠡᠰᠦ᠄ 
       — ᠬᠣᠷᠸ᠎ᠠ ᠶ᠋ᠢᠨ ᠶᠠᠭᠤᠮ᠎ᠠ ᠲᠡᠢᠮᠦ ᠯᠡ ᠪᠠᠢᠳᠠᠭ ᠶᠤᠮ ᠳᠠ᠂ ᠣᠷᠴᠢᠯᠠᠩ ᠲᠡᠷᠢᠭᠦᠳᠡᠰᠢ ᠦᠭᠡᠢ ᠡᠴᠡ ᠢᠨᠠᠭᠰᠢ ᠴᠢᠩᠭᠢᠭᠰᠡᠭᠡᠷ ᠢᠷᠡᠭᠰᠡᠨ ᠬᠡᠷᠡᠭ᠃ ᠮᠠᠨᠠᠢ (ᠮᠠᠨ ᠤ᠋) ᠬᠣᠶᠠᠷ ᠵᠠᠩᠵᠤᠨ ᠰᠠᠢᠳ᠂ ᠮᠠᠯᠠᠭᠠᠢ ᠳᠡᠭᠡᠷ᠎ᠡ ᠪᠡᠨ ᠬᠡᠳᠦᠢ ᠬᠦᠩ ᠦ᠋ᠨ ᠵᠢᠩᠰᠡ ᠲᠡᠢ ᠪᠣᠯᠪᠠᠴᠤ᠂ ᠡᠭᠡᠯ ᠢᠵᠠᠭᠤᠷᠲᠤ ᠤᠯᠤᠰ ᠰᠢᠦ᠃ ᠤᠯᠤᠰ ᠲᠥᠷᠥ ᠶ᠋ᠢᠨ ᠲᠥᠯᠥᠭᠡ ᠲᠡᠢᠨ ᠳ᠋ᠦ᠍ ᠠᠮᠢ ᠪᠡᠶ᠎ᠡ ᠬᠠᠢᠷ᠎ᠠ ᠦᠭᠡᠢ ᠵᠢᠳᠬᠦᠵᠦ᠂ ᠤᠯᠤᠰ ᠢ᠋ᠶ᠋ᠠᠨ ᠪᠣᠳᠣᠳᠠᠭ ᠶᠤᠮ ᠠ᠋᠂ ᠲᠡᠳᠡ ᠨᠠᠷ᠃ ᠲᠡᠭᠡᠲᠡᠯ᠎ᠡ᠂ ᠴᠢ ᠮᠢᠨᠦ ᠬᠤᠳᠠᠯᠴᠢ ᠶ᠋ᠢ ᠦᠵᠡᠭᠡᠷᠡᠢ᠃ ᠳᠡᠭᠡᠭᠦᠷ ᠪᠠᠢᠭ᠎ᠠ ᠤᠯᠤᠰ ᠪᠢᠳᠡᠨ ᠦ᠌ ᠬᠦᠴᠦᠨ ᠵᠢᠳᠬᠦᠭᠰᠡᠨ ᠢ᠋ ᠰᠠᠨᠠᠵᠤ ᠪᠣᠳᠣᠳᠠᠭ ᠦᠭᠡᠢ ᠲᠡᠢ ᠪᠡᠨ ᠠᠳᠠᠯᠢ᠂ ᠮᠠᠨᠠᠢ(ᠮᠠᠨ ᠤ᠋) ᠲᠡᠷᠡ ᠬᠣᠶᠠᠷ ᠰᠠᠢᠳ ᠤ᠋ᠨ ᠴᠢᠩ ᠵᠢᠳᠬᠦᠯ ᠢ᠋ ᠴᠦ᠍ ᠶᠡᠷᠦ ᠪᠣᠳᠣᠬᠤ ᠰᠠᠨᠠᠬᠤ ᠦᠭᠡᠢ ᠳᠠᠭ ᠠ᠋ ᠭᠡᠬᠦ ᠳ᠋ᠦ᠍ᠨᠢ ᠰᠢᠷᠴᠢᠨ ᠲᠡᠢ ᠨᠢᠭᠡ ᠮᠠᠢᠬᠠᠨ ᠳ᠋ᠤ᠌ ᠪᠠᠢᠳᠠᠭ᠂ ᠦᠭᠡ ᠳᠠᠭᠤᠨ ᠴᠥᠭᠡᠬᠡᠨ ᠲᠡᠢ ᠥᠨᠳᠥᠷ ᠴᠡᠷᠢᠭ᠂ ᠤᠷᠢᠳᠤ ᠠᠶᠠᠨ ᠵᠢᠩ ᠬᠢᠵᠦ᠂ ᠠᠷᠤ ᠥᠪᠥᠷ ᠮᠣᠩᠭᠣᠯ᠂ ᠶᠡᠬᠡ ᠴᠠᠭᠠᠨ ᠬᠡᠷᠡᠮ ᠦ᠋ᠨ ᠭᠠᠳᠠᠨ᠎ᠠ ᠳᠣᠲᠣᠨ᠎ᠠ ᠦᠭᠡᠢ ᠳᠣᠲᠣᠷ  ᠭᠠᠵᠠᠷ ᠶᠠᠪᠤᠭᠰᠠᠨ ᠶᠣᠨᠳᠠᠨ(ᠶᠣᠨᠳᠣᠨ) ᠭᠡᠭᠴᠢ ᠬᠥᠮᠦᠨ ᠡᠪᠦᠭᠡᠨ ᠳ᠋ᠦ᠍ ᠬᠠᠷᠢᠭᠤ ᠲᠠᠯᠪᠢᠵᠤ ᠥᠭᠦᠯᠡᠷᠦᠨ᠄ 
       — ᠴᠢ ᠠᠷᠠᠢ ᠲᠠᠰᠢᠶ᠎ᠠ ᠬᠡᠯᠡᠵᠡᠢ᠃ ᠬᠥᠮᠦᠨ ᠦ᠌ ᠭᠠᠷ ᠢ᠋ᠶ᠋ᠠᠷ ᠮᠣᠭᠠᠢ ᠪᠠᠷᠢᠬᠤ ᠬᠡᠷᠡᠭ ᠭᠠᠷᠬᠤ ᠪᠦᠷᠢ᠂ ᠲᠡᠷᠡ ᠳᠡᠭᠡᠭᠦᠷᠬᠢ ᠡᠷᠬᠢᠮ ᠦ᠋ᠳ ᠪᠢᠳᠡᠨ ᠢ᠋ ᠰᠠᠨᠠᠯ ᠦᠭᠡᠢ ᠶᠠᠭᠠᠬᠢᠬᠤ ᠪᠣᠢ ᠭᠡᠪᠡ᠃
            *           *           *
       ᠬᠣᠷᠢᠭᠠᠳ ᠬᠥᠮᠦᠨ ᠰᠢᠨᠵᠢᠶᠠᠩ ᠭᠡᠳᠡᠭ ᠰᠢᠨ᠎ᠡ ᠬᠢᠵᠠᠭᠠᠷ ᠤ᠋ᠨ ᠵᠦᠭ ᠵᠢᠭᠤᠲᠠᠨ ᠵᠠᠢᠯᠠᠵᠤ᠂ ᠭᠤᠷᠪᠠᠨ ᠳᠡᠭᠡᠷᠡᠮᠴᠢᠨ ᠪᠠᠷᠢᠭᠳᠠᠭᠰᠠᠨ ᠢ᠋ ᠵᠠᠩᠵᠤᠨ᠂ ᠲᠤᠭ ᠢ᠋ᠶ᠋ᠠᠨ ᠲᠠᠬᠢᠵᠠᠢ᠃ 
       ᠰᠢᠷᠴᠢᠨ᠂ ᠲᠡᠷᠡ ᠰᠦᠷᠡᠬᠡᠢ ᠳᠡᠭᠡᠷᠡᠮᠴᠢᠨ ᠲᠡᠢ ᠪᠠᠢᠯᠳᠤᠬᠤ ᠳ᠋ᠠᠭᠠᠨ ᠬᠤᠵᠢᠷᠪᠤᠯᠤᠩ ᠳ᠋ᠤ᠌ ᠴᠡᠷᠢᠭ ᠦ᠋ᠨ ᠫᠤᠤᠳᠠᠬᠤ ᠴᠠᠪᠴᠢᠬᠤ᠂ ᠠᠯᠪᠠ ᠬᠢᠬᠦ᠂ ᠳᠣᠪᠲᠣᠯᠬᠤ ᠰᠤᠷᠭᠠᠭᠤᠯᠢ ᠬᠢᠭᠰᠡᠨ ᠦ᠌ ᠠᠴᠢ ᠲᠤᠰᠠ ᠶ᠋ᠢ ᠰᠠᠢ᠍ᠢ (ᠰᠠᠶᠢ)ᠮᠡᠳᠡᠵᠦ᠂ ᠰᠤᠷᠭᠠᠭᠤᠯᠢ ᠬᠢᠬᠦ ᠳ᠋ᠦ᠍ ᠲᠠ ᠨᠠᠷ ᠲᠤ᠌ ᠪᠡᠷᠬᠡ ᠪᠣᠯᠪᠠᠴᠤ ᠬᠣᠵᠢᠮ ᠲᠡᠢᠨ ᠬᠢᠬᠦ ᠳ᠋ᠦ᠍ ᠬᠥᠩᠭᠡᠨ ᠪᠣᠯᠬᠤ ᠭᠡᠵᠦ ᠰᠤᠷᠭᠠᠭᠤᠯᠢ ᠵᠢᠭᠠᠵᠤ ᠰᠢᠯᠭᠠᠬᠤ ᠳ᠋ᠠᠭᠠᠨ ᠶᠡᠬᠡ ᠴᠢᠩᠭ᠎ᠠ ᠬᠠᠲᠠᠭᠤ ᠱᠠᠭᠠᠷᠳᠠᠯᠭ᠎ᠠ ᠲᠠᠢ ᠪᠠᠢᠭᠰᠠᠨ ᠰᠤᠷᠭᠠᠭᠴᠢ ᠸᠠᠰᠢᠯᠢᠶᠸᠹ ᠤ᠋ᠨ ᠦᠭᠡ ᠶ᠋ᠢ ᠰᠠᠨᠠᠵᠤ ᠶᠠᠪᠤᠯ᠎ᠠ᠃ 
       ᠪᠠᠷᠠᠭᠤᠨ ᠬᠢᠵᠠᠭᠠᠷ ᠲᠤ᠌ ᠭᠡᠷᠦᠨ ᠲᠡᠨᠦᠵᠦ ᠶᠠᠪᠤᠭᠰᠠᠨ ᠪᠦᠯᠦᠭ ᠴᠦᠯᠦᠭ ᠳᠡᠭᠡᠷᠡᠮᠴᠢᠨ ᠢ᠋ ᠬᠥᠭᠡᠭᠡᠴᠡᠯᠳᠦᠨ ᠪᠠᠢᠯᠳᠤᠭᠰᠠᠭᠠᠷ ᠰᠢᠷᠴᠢᠨ᠂ ᠣᠯᠠᠨ᠎ᠠ ᠶ᠋ᠢᠨ ᠬᠣᠶᠠᠳᠤᠭᠠᠷ ᠣᠨ ᠢ᠋ ᠥᠩᠭᠡᠷᠡᠭᠡᠵᠦ᠂ ᠬᠣᠢᠲᠤ ᠬᠠᠪᠤᠷ ᠨᠢ ᠰᠠᠢ᠍ᠢ(ᠰᠠᠶᠢ) ᠲᠡᠷᠡ ᠬᠢᠵᠠᠭᠠᠷ ᠭᠠᠵᠠᠷ ᠢ᠋ ᠲᠦᠪᠰᠢᠳᠬᠡᠨ ᠲᠣᠭᠲᠠᠭᠠᠵᠤ᠂ ᠪᠦᠯᠦᠭ ᠪᠦᠯᠦᠭ ᠳᠡᠭᠡᠷᠡᠮᠴᠢᠳ ᠢ᠋ ᠳᠠᠷᠤᠨ ᠰᠥᠨᠥᠭᠡᠭᠰᠡᠨ ᠤᠴᠢᠷ ᠰᠢᠷᠴᠢᠨ᠂ ᠬᠤᠵᠢᠷᠪᠤᠯᠤᠩ ᠤ᠋ᠨ ᠪᠤᠰᠤᠳ ᠴᠡᠷᠢᠭ ᠦ᠋ᠨ ᠨᠥᠬᠥᠳ ᠲᠡᠢ ᠮᠠ᠊ ᠵᠠᠩᠵᠤᠨ ᠢ᠋ ᠳᠠᠭᠠᠵᠤ ᠬᠦᠷᠢᠶᠡᠨ᠎ᠡ ᠥᠷᠲᠡᠭᠡᠯᠡᠨ ᠪᠤᠴᠠᠵᠠᠢ᠃   
       ᠮᠠ᠊ ᠵᠠᠩᠵᠤᠨ ᠠᠶᠠᠨ ᠳ᠋ᠤ᠌ ᠬᠠᠮᠲᠤ ᠶᠠᠪᠤᠭᠰᠠᠨ ᠴᠡᠷᠢᠭ ᠲᠡᠢ ᠬᠦᠷᠢᠶᠡᠨ᠎ᠡ ᠬᠦᠷᠴᠦ ᠢᠷᠡᠭᠡᠳ ᠰᠠᠯᠬᠤ ᠳ᠋ᠠᠭᠠᠨ᠂ ᠤᠯᠤᠰ ᠲᠤ᠌ ᠴᠢᠩ ᠰᠢᠳᠤᠷᠭᠤ ᠪᠠᠷ ᠬᠦᠴᠦᠨ ᠵᠢᠳᠬᠦᠭᠰᠡᠨ ᠢ᠋ ᠪᠠᠬᠠᠳᠤᠨ ᠲᠠᠯ᠎ᠠ ᠥᠭᠴᠦ᠂ ᠪᠠᠰᠠ ᠠᠶᠠᠨ ᠲᠡᠢᠨ ᠳ᠋ᠦ᠍ ᠮᠣᠷᠳᠠᠬᠤ ᠪᠣᠯᠵᠣᠰᠢ ᠦᠭᠡᠢ᠂ ᠪᠡᠯᠡᠨ ᠵᠠᠯᠠᠨ ᠪᠠᠢᠵᠤ ᠦᠵᠡᠭᠡᠷᠡᠢ᠂ ᠤᠯᠤᠰ ᠠᠷᠠᠳ ᠢ᠋ ᠬᠢᠲᠠᠳ ᠤ᠋ᠨ ᠬᠠᠷᠭᠢᠰ ᠴᠡᠷᠢᠭ ᠦ᠋ᠨ ᠡᠷᠬᠡᠲᠡᠨ ᠦ᠌ ᠬᠠᠯᠳᠠᠨ ᠥᠩᠭᠡᠯᠵᠡᠬᠦ ᠡᠴᠡ ᠬᠠᠮᠠᠭᠠᠯᠠᠨ ᠲᠤᠯᠬᠤ ᠬᠡᠷᠡᠭ ᠭᠠᠷᠬᠤ ᠮᠠᠭᠠᠳ ᠦᠭᠡᠢ ᠭᠡᠵᠦ ᠵᠠᠬᠢᠪᠠ᠃ 
       ᠰᠢᠷᠴᠢᠨ᠂ ᠬᠣᠪᠲᠣ ᠶ᠋ᠢᠨ ᠲᠡᠢᠨ ᠳ᠋ᠦ᠍ ᠮᠣᠷᠳᠠᠬᠤ ᠶ᠋ᠢᠨ ᠤᠷᠢᠳᠤᠬᠠᠨ ᠪᠣᠭᠳᠠ ᠶ᠋ᠢᠨ ᠲᠣᠷᠭᠠᠨ ᠴᠡᠷᠢᠭ ᠲᠦ᠍ ᠰᠢᠯᠵᠢᠭᠰᠡᠨ ᠲᠤᠯᠠ ᠠᠶᠠᠨ ᠠ᠋ᠴᠠ ᠪᠠᠭᠤᠬᠤ ᠦᠶᠡᠰ᠂ ᠮᠥᠨ ᠲᠣᠷᠭᠠᠨ ᠴᠡᠷᠢᠭ ᠦ᠋ᠨ ᠬᠡᠳᠦᠨ ᠨᠥᠬᠥᠳ ᠦ᠋ᠨ ᠬᠠᠮᠲᠤ᠂ ᠭᠣᠣᠯ ᠳᠡᠭᠡᠷᠡᠬᠢ ᠲᠣᠷᠭᠠᠨ ᠴᠡᠷᠢᠭ ᠦ᠋ᠨ ᠬᠤᠸᠠᠷᠠᠨ ᠳ᠋ᠤ᠌ ᠣᠴᠢᠵᠤ ᠪᠠᠭᠤᠪᠠ᠃ 
       ᠲᠡᠨᠳᠡ ᠪᠡᠨ ᠨᠢᠭᠡ ᠬᠡᠳᠦ ᠬᠣᠨᠣᠲᠠᠯ᠎ᠠ᠂ ᠰᠢᠷᠴᠢᠨ ᠦ᠌ ᠬᠠᠮᠲᠤ ᠬᠣᠪᠲᠣ ᠶ᠋ᠢᠨ ᠠᠶᠠᠨ ᠳ᠋ᠤ᠌ ᠶᠠᠪᠤᠭᠰᠠᠨ ᠲᠣᠷᠭᠠᠨ ᠴᠡᠷᠢᠭ ᠦ᠋ᠨ ᠲᠡᠷᠡ ᠠᠷᠪᠠᠨ ᠢ᠋ ᠲᠡᠷᠡ ᠴᠢᠭ ᠢ᠋ᠶ᠋ᠡᠷ ᠢ᠋ᠶ᠋ᠡᠨ᠂ ᠮᠥᠨ ᠠᠶᠠᠨ ᠳ᠋ᠤ᠌ ᠶᠠᠪᠤᠯᠴᠠᠭᠰᠠᠨ ᠬᠤᠵᠢᠷᠪᠤᠯᠤᠩ ᠤ᠋ᠨ ᠴᠡᠷᠢᠭ ᠢ᠋ ᠮᠠᠭᠰᠤᠷᠵᠠᠪ ᠵᠠᠷᠯᠠᠨ ᠳᠠᠭᠤᠳᠠᠭᠤᠯᠵᠤ᠂ ᠳᠠᠬᠢᠨ ᠠᠶᠠᠨ ᠲᠡᠢᠨ ᠳ᠋ᠦ᠍ ᠮᠣᠷᠳᠠᠬᠤ ᠪᠣᠯᠤᠭᠰᠠᠨ ᠤᠴᠢᠷ ᠢ᠋ ᠬᠡᠯᠡᠪᠡ᠃  
       ᠬᠦᠷᠢᠶᠡᠨ ᠦ᠌ ᠵᠠᠰᠠᠭ ᠤ᠋ᠨ ᠭᠠᠵᠠᠷ ᠤ᠋ᠨ ᠬᠦᠯᠢᠶᠡᠨ ᠠᠪᠤᠭᠰᠠᠨ ᠮᠡᠳᠡᠭᠡᠨ ᠳ᠋ᠦ᠍ ᠮᠠᠨᠵᠤ ᠶ᠋ᠢᠨ ᠬᠡᠪᠲᠦ ᠶᠣᠰᠣ ᠬᠠᠭᠠᠨ1912 ᠣᠨ ᠤ᠋ ᠬᠣᠶᠠᠳᠤᠭᠠᠷ ᠰᠠᠷ᠎ᠠ ᠶ᠋ᠢᠨ ᠠᠷᠪᠠᠨ ᠬᠣᠶᠠᠷ ᠤ᠋ᠨ ᠡᠳᠦᠷ ᠰᠢᠷᠡᠭᠡᠨ ᠡᠴᠡ ᠪᠠᠭᠤᠵᠤ᠂ ᠰᠦᠨ ᠢ ᠰᠢᠶᠠᠨ ᠳ᠋ᠣᠺᠲ᠋ᠣᠷ ᠤ᠋ᠨ ᠪᠡᠶ᠎ᠡ᠂ ᠶᠡᠬᠡ ᠶᠡᠷᠦᠩᠬᠡᠢᠯᠡᠭᠴᠢ ᠶ᠋ᠢᠨ ᠲᠤᠰᠢᠶᠠᠯ ᠢ᠋ ᠴᠠᠭᠠᠷᠠᠭᠤᠯᠤᠭᠰᠠᠨ ᠠ᠋ᠴᠠ ᠬᠣᠢᠰᠢ ᠰᠠᠢᠳ ᠶᠤᠸᠠᠨ ᠲᠥᠷᠥ ᠶ᠋ᠢᠨ ᠡᠷᠬᠡ ᠶ᠋ᠢ ᠭᠠᠭᠴᠠᠭᠠᠷ ᠡᠵᠡᠷᠬᠡᠵᠦ᠂ ᠳᠤᠮᠳᠠᠳᠤ ᠢᠷᠭᠡᠨ ᠤᠯᠤᠰ ᠤ᠋ᠨ ᠶᠡᠷᠦᠩᠬᠡᠢᠯᠡᠭᠴᠢ ᠪᠣᠯᠤᠭᠠᠳ ᠲᠡᠭᠦᠨ ᠦ᠌ ᠲᠤᠰᠢᠶᠠᠯ ᠢ᠋ᠶ᠋ᠠᠷ ᠬᠢᠲᠠᠳ ᠴᠡᠷᠢᠭ ᠦ᠋ᠨ ᠡᠷᠬᠡᠲᠡᠨ᠂ ᠴᠢᠭᠤᠯᠤᠯᠲᠤ ᠬᠠᠭᠠᠯᠭ᠎ᠠ᠂ ᠲᠤᠯᠤᠨ ᠨᠠᠭᠤᠷ᠂ ᠬᠥᠬᠡ ᠬᠣᠲᠠ᠂ ᠪᠤᠤᠲᠤ( ᠪᠤᠭᠤᠲᠤ)᠂ ᠪᠠᠲᠤ ᠬᠠᠭᠠᠯᠭ᠎ᠠ᠂ ᠡᠯ᠎ᠡ ᠲᠠᠪᠤᠨ ᠵᠠᠮ ᠢ᠋ᠶ᠋ᠠᠷ ᠮᠣᠩᠭᠣᠯ ᠤᠯᠤᠰ ᠢ᠋ ᠪᠠᠢᠯᠳᠤᠷ᠎ᠠ ᠴᠡᠷᠢᠭ ᠬᠥᠳᠡᠯᠭᠡᠭᠰᠡᠨ ᠪᠠᠢᠵᠠᠢ᠃ 
       ᠡᠯ᠎ᠡ ᠲᠦᠭᠰᠢᠭᠦᠷᠢᠲᠦ ᠮᠡᠳᠡᠭᠡ ᠬᠦᠯᠢᠶᠡᠨ ᠠᠪᠤᠮᠠᠭᠴᠠ ᠲᠤᠰ ᠤᠯᠤᠰ ᠤ᠋ᠨ ᠡᠮᠦᠨᠡᠲᠦ᠂ ᠮᠥᠨ ᠵᠡᠭᠦᠨ ᠡᠮᠦᠨᠡᠲᠦ ᠬᠢᠵᠠᠭᠠᠷ ᠲᠤ᠌ ᠳᠠᠢᠰᠤᠨ ᠤ᠋ ᠵᠠᠮ ᠢ᠋ ᠬᠠᠭᠠᠬᠤ ᠭᠡᠵᠦ《ᠬᠠᠷ᠎ᠠ ᠴᠡᠷᠢᠭ》 ᠦ᠋ᠨ ᠥᠭᠡᠳᠡ ᠡᠴᠡ ᠲᠦᠰᠢᠶᠡᠲᠦ ᠸᠠᠩ ᠴᠠᠭᠳᠠᠷᠵᠠᠪ᠂ ᠵᠢᠴᠢ ᠴᠡᠷᠢᠭ ᠦ᠋ᠨ ᠭᠠᠪᠢᠶ᠎ᠠ ᠪᠠᠢᠭᠤᠯᠵᠤ ᠪᠠᠭᠠᠲᠤᠷ ᠴᠣᠯᠠ ᠱᠠᠩᠨᠠᠭᠤᠯᠤᠭᠰᠠᠨ ᠪᠠᠷᠭᠤ ᠶ᠋ᠢᠨ ᠮᠠᠩᠯᠠᠢ ᠪᠠᠭᠠᠲᠤᠷ ᠳᠠᠮᠳᠢᠨᠰᠦ᠋ᠷᠦᠩ᠂ ᠬᠠᠯᠬ᠎ᠠ ᠶ᠋ᠢᠨ ᠬᠠᠳᠠᠨ ᠪᠠᠭᠠᠲᠤᠷ ᠮᠠᠭᠰᠤᠷᠵᠠᠪ(ᠡᠨᠡ ᠬᠣᠶᠠᠷ ᠬᠣᠪᠲᠣ ᠶ᠋ᠢᠨ ᠲᠡᠢᠨ ᠳ᠋ᠦ᠍ ᠵᠠᠩᠵᠤᠨ ᠰᠠᠢᠳ ᠶᠠᠪᠤᠵᠠᠢ) ᠴᠠᠬᠠᠷ ᠴᠡᠷᠢᠭ ᠦ᠋ᠨ ᠢᠯᠭᠤᠨ ᠪᠠᠭᠠᠲᠤᠷ ᠰᠤᠮᠢᠶ᠎ᠠ᠂ ᠬᠠᠷᠠᠴᠢᠨ ᠤ᠋ ᠰᠢᠳᠤᠷᠭᠤ ᠪᠠᠭᠠᠲᠤᠷ ᠪᠠᠪᠤᠵᠠᠪ ᠢ᠋ ᠬᠡᠳᠦᠨ ᠲᠦᠮᠡᠨ ᠴᠡᠷᠢᠭ ᠤᠳᠤᠷᠢᠳᠤᠭᠤᠯᠤᠨ ᠲᠠᠪᠤᠨ ᠵᠠᠮ ᠢ᠋ᠶ᠋ᠠᠷ ᠮᠣᠷᠳᠠᠭᠤᠯᠤᠭᠰᠠᠨ ᠪᠥᠯᠥᠭᠡ᠃ 
       ᠲᠡᠨᠳᠡᠴᠡ ᠰᠢᠷᠴᠢᠨ᠂ ᠲᠡᠢᠨ ᠪᠠᠢᠯᠳᠤᠭᠠᠨ ᠤ᠋ ᠲᠦᠭᠰᠢᠭᠦᠷᠢᠲᠦ ᠴᠡᠷᠢᠭ ᠦ᠋ᠨ ᠡᠷ᠎ᠡ ᠶ᠋ᠢᠨ ᠭᠡᠷᠦᠨ ᠪᠢᠳᠦᠵᠦ ᠶᠠᠪᠤᠬᠤ ᠠᠮᠢᠳᠤᠷᠠᠯ ᠲᠠᠢ ᠪᠣᠯᠵᠤ᠂ ᠣᠯᠠᠨ ᠤᠳᠠᠭ᠎ᠠ ᠬᠠᠷᠢᠳᠠᠨ ᠳᠠᠢᠰᠤᠨ ᠤ᠋ ᠴᠢᠰᠤ ᠪᠠᠷ ᠮᠢᠯᠢᠶᠠᠭᠰᠠᠨ᠂ ᠮᠠᠭᠰᠤᠷᠵᠠᠪ ᠤ᠋ᠨ ᠳᠠᠢᠴᠢᠨ ᠲᠤᠭ ᠤ᠋ᠨ ᠳᠣᠣᠷ᠎ᠠ ᠡᠮᠦᠨ᠎ᠡ ᠬᠢᠵᠠᠭᠠᠷ ᠤ᠋ᠨ ᠲᠤᠤᠱ(ᠲᠣᠭᠣᠰᠢ) ᠲᠤ ᠶᠠᠪᠤᠵᠤ ᠬᠢᠲᠠᠳ ᠤ᠋ᠨ ᠴᠡᠷᠢᠭ ᠦ᠋ᠨ ᠬᠠᠷᠭᠢᠰ ᠡᠷᠬᠡᠲᠡᠨ ᠦ᠌ ᠬᠠᠷ᠎ᠠ ᠴᠡᠷᠢᠭ᠂ ᠶᠠᠩᠵᠤ ᠪᠦᠷᠢ ᠶ᠋ᠢᠨ ᠪᠦᠯᠦᠭ ᠴᠦᠯᠦᠭ ᠳᠡᠭᠡᠷᠡᠮᠴᠢᠳ ᠲᠡᠢ ᠪᠠᠢᠯᠳᠤᠨ ᠲᠡᠮᠡᠴᠡᠭᠰᠡᠭᠡᠷ᠂ ᠪᠢᠷᠠᠭᠤ ᠶ᠋ᠢᠨ ᠪᠡᠯᠴᠢᠭᠡᠷ ᠡᠴᠡ ᠬᠣᠯᠠᠳᠠᠵᠤ᠂ ᠪᠣᠷᠣ ᠨᠢᠷᠤᠭᠤ ᠳᠠᠪᠠᠵᠤ ᠬᠣᠯᠠᠳᠠᠬᠤ ᠳᠤᠰᠤᠮ᠎ᠠ᠂ ᠵᠠᠩᠰᠢᠨ ᠳᠠᠳᠤᠭᠰᠠᠨ ᠤᠬᠠᠭᠳᠠᠬᠤᠨ᠂ ᠲᠡᠢᠨ ᠮᠡᠳᠡᠬᠦᠢ ᠶ᠋ᠢᠨ ᠵᠦᠢᠯ ᠨᠢ ᠴᠥᠮ ᠲᠣᠬᠢᠷᠠᠮᠵᠢ ᠮᠠᠭᠤ ᠲᠠᠢ ᠪᠣᠯᠵᠤ ᠢᠷᠡᠭᠰᠡᠨ ᠢ᠋ ᠵᠢᠱ᠌ᠢᠶᠡᠯᠡᠪᠡᠯ᠂ ᠬᠤᠳᠳᠤᠭ ᠠ᠋ᠴᠠ ᠳᠠᠯᠠᠢ ᠳ᠋ᠤ᠌ ᠣᠷᠣᠭᠰᠠᠨ ᠮᠡᠯᠡᠬᠡᠢ ᠶ᠋ᠢᠨ ᠣᠭᠲᠠᠷᠭᠤᠢ ᠶ᠋ᠢᠨ ᠲᠤᠬᠠᠢ ᠲᠡᠭᠦᠨ ᠦ᠌ ᠬᠤᠳᠳᠤᠭ ᠤ᠋ᠨ ᠲᠡᠢᠨ ᠮᠡᠳᠡᠬᠦᠢ ᠨᠢ ᠳᠠᠯᠠᠢ ᠶ᠋ᠢᠨ ᠬᠢᠵᠠᠭᠠᠷ ᠦᠭᠡᠢ ᠳ᠋ᠦ᠍ ᠲᠣᠬᠢᠷᠠᠬᠤ ᠦᠭᠡᠢ ᠪᠣᠯᠬᠤ ᠲᠠᠢ ᠠᠳᠠᠯᠢ ᠠᠵᠤᠭᠤ᠃  
       ᠬᠠᠷ᠎ᠠ ᠦᠭᠡᠨ ᠳ᠋ᠦ᠍ ᠮᠠᠢᠮᠠᠢ ᠬᠢᠲᠠᠳ ᠬᠣᠶᠠᠷ ᠭᠡᠵᠦ ᠤᠳᠬ᠎ᠠ ᠨᠢᠭᠡ ᠲᠡᠢ ᠤᠬᠠᠭᠳᠠᠬᠤᠨ ᠪᠠᠢᠵᠠᠢ᠃ ᠮᠠᠨᠵᠤ ᠬᠢᠲᠠᠳ ᠭᠡᠵᠦ ᠪᠠᠰᠠ ᠯᠠ ᠨᠢᠭᠡ ᠶᠠᠭᠤᠮ᠎ᠠ ᠶ᠋ᠢ ᠬᠡᠯᠡᠭᠰᠡᠨ ᠰᠢᠭ᠃ ᠢᠯᠭᠠᠮᠵᠢ ᠶ᠋ᠢ ᠨᠢ ᠭᠠᠷᠭᠠᠪᠠᠯ᠂ ᠮᠠᠨᠵᠤ ᠭᠡᠵᠦ ᠵᠠᠪᠠᠯ ᠠᠯᠪᠠ ᠬᠠᠰᠢᠳᠠᠭ ᠰᠠᠢᠳ ᠲᠦᠰᠢᠮᠡᠯ ᠬᠢᠲᠠᠳ ᠢ᠋ ᠬᠡᠯᠡᠳᠡᠭ ᠪᠣᠯᠤᠯᠲᠠᠢ᠃ ᠵᠦᠭᠡᠷ ᠬᠢᠲᠠᠳ ᠭᠡᠪᠡᠯ᠂ ᠥᠨᠥᠬᠢ ᠯᠡ ᠵᠠᠩᠭᠦᠢᠳᠠ ᠮᠠᠢᠮᠠ (ᠮᠠᠢᠮᠠᠢ) ᠶ᠋ᠢ ᠬᠡᠯᠡᠵᠦ ᠪᠠᠢᠭ᠎ᠠ ᠪᠣᠯᠤᠯᠲᠠᠢ᠃ ᠲᠡᠷᠡ ᠵᠠᠩᠭᠦᠢᠳᠠ ᠪᠣᠯ ᠬᠠᠪᠤᠷ ᠬᠥᠳᠡᠭᠡ ᠠᠢᠯ ᠢ᠋ᠶ᠋ᠠᠷ ᠶᠠᠪᠤᠵᠤ ᠶᠡᠬᠡᠯ᠎ᠡ (ᠶᠡᠬᠡ ᠯᠡ)  ᠰᠠᠢᠬᠠᠨ ᠵᠠᠩ ᠭᠠᠷᠭᠠᠵᠤ᠂ ᠲᠠᠨᠢᠬᠤ ᠲᠠᠨᠢᠬᠤ ᠦᠭᠡᠢ ᠬᠥᠮᠦᠨ ᠳ᠋ᠡᠭᠡᠨ ᠢᠨᠢᠶᠡᠮᠰᠦᠭᠯᠡᠨ ᠪᠠᠷᠠᠭ᠎ᠠ ᠪᠠᠨ ᠡᠨᠡ ᠴᠦ᠍ ᠬᠥᠮᠦᠨ ᠳ᠋ᠦ᠍᠂ ᠲᠡᠷᠡ ᠴᠦ᠍ ᠠᠢᠯ ᠳ᠋ᠤ᠌᠂ ᠵᠠ ᠶᠠᠭᠠᠬᠢᠬᠤ ᠪᠣᠢ᠃ ᠲᠠᠨᠢᠭᠰᠠᠨ ᠬᠥᠮᠦᠨ ᠪᠠᠢᠨ᠎ᠠ᠃ ᠰᠡᠭᠦᠯ ᠳ᠋ᠦ᠍ ᠳᠠᠩᠰᠠ ᠪᠣᠳᠣᠶ᠎ᠠ ᠭᠡᠵᠦ ᠲᠦᠭᠡᠭᠡᠨ ᠥᠭᠴᠦ ᠶᠠᠪᠤᠳᠠᠭ ᠪᠠᠢᠵᠠᠢ᠃ ᠲᠡᠭᠡᠭᠡᠳ ᠨᠠᠮᠤᠷ ᠨᠢ ᠶᠦᠮ ᠤᠤ᠂ ᠬᠣᠢᠲᠤᠨ ᠬᠠᠪᠤᠷ ᠨᠢ ᠬᠦᠷᠴᠦ ᠢᠷᠡᠬᠦ ᠳ᠋ᠡᠭᠡᠨ᠂ ᠢᠨᠢᠶᠡᠮᠰᠦᠭᠯᠡᠬᠦ ᠨᠠᠭᠠᠯᠢᠩᠬᠠᠢᠯᠠᠬᠤ ᠵᠠᠩ ᠢ᠋ᠶ᠋ᠠᠨ ᠣᠷᠬᠢᠵᠤ ᠴᠢᠷᠠᠢ ᠶ᠋ᠢ ᠲᠥᠪ ᠪᠣᠯᠭᠠᠨ᠂ ᠠᠯᠴᠢᠭᠤᠷ᠂ ᠮᠢᠨᠳᠠᠰᠤᠨ ᠤᠲᠠᠰᠤ ᠲᠦᠷᠦᠭᠦᠨ ᠥᠭᠬᠦ ᠳ᠋ᠡᠭᠡᠨ ᠬᠤᠷᠠᠭ᠎ᠠ ᠠᠪᠤᠨ᠎ᠠ ᠭᠡᠵᠦ ᠥᠭᠭᠦᠭᠰᠡᠨ ᠪᠢᠯᠡ᠃ ᠬᠤᠷᠠᠭ᠎ᠠ ᠶᠠᠪᠤ (ᠶᠠᠪᠤᠨ) ᠶᠠᠪᠤᠭᠰᠠᠭᠠᠷ ᠬᠣᠨᠢ ᠪᠣᠯᠳᠠᠭ ᠨᠢ ᠬᠣᠷᠸ᠎ᠠ ᠶᠢᠷᠲᠢᠨᠴᠦ ᠶ᠋ᠢᠨ ᠶᠣᠰᠣ ᠮᠥᠨ ᠦ᠌ ᠲᠤᠯᠠ᠂ ᠲᠡᠷᠡ ᠬᠤᠷᠠᠭ᠎ᠠ ᠣᠳᠣ ᠲᠥᠯᠥᠭᠡ  ᠪᠣᠯᠤᠭᠰᠠᠨ ᠪᠠᠢᠬᠤ ᠭᠡᠵᠦ ᠢᠷᠡᠳᠡᠭ ᠪᠠᠢᠵᠠᠢ᠃  
       ᠲᠡᠭᠦᠨ ᠦ᠌ ᠴᠠᠭᠠᠳᠤ ᠵᠢᠯ ᠨᠢ ᠢᠷᠡᠬᠦ ᠳ᠋ᠡᠭᠡᠨ ᠣᠳᠣ ᠪᠢ ᠬᠤᠷᠠᠭ᠎ᠠ ᠲᠠᠢ ᠬᠣᠨᠢ ᠲᠠᠢ ᠪᠣᠯᠤᠭᠰᠠᠨ ᠪᠠ᠃ ᠬᠤᠷᠠᠭ᠎ᠠ ᠮᠢᠨᠢ ᠮᠠᠢᠯᠠᠭᠰᠠᠭᠠᠷ ᠮᠠᠢᠯᠠᠭᠰᠠᠭᠠᠷ ᠮᠠᠯ ᠪᠣᠯᠵᠤ᠂ ᠵᠠᠩᠭᠦᠢᠳᠠ ᠨᠢ ᠶᠠᠪᠤᠭᠰᠠᠭᠠᠷ ᠶᠠᠪᠤᠭᠰᠠᠭᠠᠷ ᠳ᠋ᠠᠩᠵᠢᠶᠠᠳᠠ(ᠳᠠᠩᠵᠢᠶᠠᠳ) ᠪᠣᠯᠵᠠᠢ ᠭᠡᠵᠦ ᠶᠠᠪᠤᠳᠠᠭ ᠪᠢᠯᠡ᠃ 
       ᠮᠠᠢᠮᠠᠢ ᠬᠥᠮᠦᠨ ᠴᠢᠬᠢ ᠤᠷᠲᠤ ᠲᠠᠢ᠂ ᠨᠣᠶᠠᠨ ᠢ᠋ ᠴᠠᠭᠠᠨ ᠮᠥᠩᠭᠥ ᠪᠡᠷ ᠠᠯᠪᠠ ᠲᠠᠲᠠᠬᠤ ᠰᠤᠷᠠᠭ ᠭᠠᠷᠤᠮᠠᠭᠴᠠ᠂ ᠥᠨᠥᠬᠢ ᠮᠠᠢᠮᠠᠢ ᠠᠢᠯ ᠢ᠋ᠶ᠋ᠠᠷ ᠶᠠᠪᠤᠵᠤ᠂ ᠴᠠᠯᠢᠩ ᠮᠥᠩᠭᠥ᠂ ᠴᠠᠭᠠᠨ ᠮᠥᠩᠭᠥ ᠠᠯᠢ ᠳᠤᠷᠠᠲᠠᠢ (ᠳᠤᠷ᠎ᠠ ᠲᠠᠢ) ᠶ᠋ᠢ ᠠᠪᠤᠭᠠᠳ ᠰᠡᠭᠦᠯ ᠳ᠋ᠦ᠍ ᠬᠣᠨᠢ ᠠ᠋ᠴᠠ ᠪᠠᠨ ᠥᠭᠭᠦᠭᠡᠷᠡᠢ ᠭᠡᠵᠦ ᠶᠠᠪᠤᠳᠠᠭ ᠪᠠᠢᠵᠠᠢ᠃ ᠲᠡᠭᠡᠲᠡᠯ᠎ᠡ ᠨᠢᠭᠡ ᠮᠡᠳᠡᠬᠦ ᠳ᠋ᠦ᠍ ᠨᠣᠶᠠᠨ ᠤ᠋ ᠥᠷᠢ᠂ ᠬᠤᠰᠢᠭᠤᠨ ᠤ᠋ ᠥᠷᠢ᠂ ᠲᠡᠭᠦᠨ ᠦ᠌ ᠬᠦᠦ ᠮᠥᠩᠭᠥ ᠭᠡᠵᠦ ᠪᠣᠳᠣᠲᠠᠯ᠎ᠠ᠂ ᠮᠠᠯᠴᠢᠨ ᠤ᠋ ᠮᠠᠯ ᠰᠦᠷᠦᠭ ᠨᠢ ᠲᠡᠷᠡ ᠬᠡᠪ ᠢ᠋ᠶ᠋ᠡᠷ ᠢ᠋ᠶ᠋ᠡᠨ ᠬᠢᠲᠠᠳ ᠮᠠᠢᠮᠠᠢ ᠶ᠋ᠢᠨ ᠬᠣᠨᠢᠨ ᠰᠦᠷᠦᠭ ᠪᠣᠯᠵᠤ᠂ ᠭᠠᠭᠴᠠ ᠭᠣᠯᠣᠵᠤ ᠦᠯᠡᠳᠡᠭᠡᠭᠰᠡᠨ ᠬᠡᠳᠦᠨ ᠢᠮᠠᠭ᠎ᠠ ᠯᠠ ᠤᠤᠯ ᠡᠵᠡᠨ ᠳ᠋ᠡᠭᠡᠨ ᠮᠠᠯ ᠪᠣᠯᠵᠤ ᠬᠣᠴᠣᠷᠳᠠᠭ ᠪᠠᠢᠵᠠᠢ᠃ ᠲᠡᠭᠡᠭᠡᠳ ᠰᠢᠷᠴᠢᠨ ᠦ᠌ ᠪᠣᠳᠣᠬᠤ ᠳ᠋ᠤ᠌ ᠮᠠᠨᠵᠤ ᠬᠢᠲᠠᠳ ᠮᠠᠢᠮᠠᠢ᠂ ᠵᠡᠩᠭᠦᠢᠳᠡ᠂ ᠥᠷᠢ ᠨᠡᠬᠡᠳᠡᠭ ᠮᠥᠩᠭᠥ ᠬᠦᠦᠯᠡᠳᠡᠭ ᠳ᠋ᠠᠩᠵᠢᠶᠠᠳᠠ᠂ ᠳᠠᠷᠤᠯᠠᠨ ᠮᠥᠯᠵᠢᠭᠴᠢ ᠡᠲᠡᠭᠡᠳ᠂ ᠳᠠᠢᠰᠤᠨ ᠬᠠᠷ᠎ᠠ ᠴᠡᠷᠢᠭ ᠭᠡᠵᠦ ᠴᠥᠮ ᠨᠢᠭᠡ ᠯᠡ ᠶᠠᠭᠤᠮ᠎ᠠ ᠶ᠋ᠢᠨ ᠨᠡᠷ᠎ᠡ᠂ ᠵᠦᠢᠷᠯᠡᠪᠡᠯ᠂ ᠨᠢᠳᠦ᠂ ᠮᠡᠯᠮᠡᠢ᠂ ᠥᠭᠡᠬᠦ ᠭᠡᠵᠦ ᠶᠡᠷᠦ ᠡᠴᠡ ᠨᠢᠳᠦ ᠭᠡᠳᠡᠭ ᠨᠢᠭᠡ ᠯᠡ ᠶᠠᠭᠤᠮ᠎ᠠ ᠶ᠋ᠢ ᠨᠡᠷᠡᠯᠡᠵᠦ ᠪᠠᠢᠭ᠎ᠠ ᠲᠠᠢ ᠠᠳᠠᠯᠢ ᠪᠤᠶᠤ ᠲᠡᠷᠡᠴᠢᠯᠡᠨ ᠪᠤᠤᠷ᠎ᠠ᠂ ᠠᠳᠠ᠂ ᠢᠩᠭᠡ᠂ ᠲᠠᠢᠯᠤᠭ᠂ ᠲᠣᠷᠣᠮ᠂ ᠪᠣᠲᠣᠭᠣ ᠭᠡᠬᠦ ᠵᠡᠷᠭᠡ ᠪᠡᠷ ᠲᠡᠮᠡᠭᠡ ᠭᠡᠳᠡᠭ ᠨᠢᠭᠡ ᠯᠡ ᠠᠮᠢᠲᠠᠨ ᠢ᠋ ᠶᠠᠩᠵᠤ ᠶᠠᠩᠵᠤ ᠪᠠᠷ ᠨᠡᠷᠡᠯᠡᠵᠦ ᠪᠠᠢᠭ᠎ᠠ ᠲᠠᠢ ᠠᠳᠠᠯᠢ ᠶᠤᠮ ᠰᠢᠭ᠋ ᠰᠠᠨᠠᠭᠳᠠᠳᠠᠭ ᠪᠠᠢᠵᠠᠢ᠃ 
       ᠶᠡᠬᠡ ᠭᠣᠪᠢ ᠶ᠋ᠢᠨ ᠴᠦᠯ ᠡᠴᠡ ᠡᠮᠦᠨ᠎ᠡ ᠳᠠᠰᠢ ᠲᠤᠯᠤᠨ ᠨᠠᠭᠤᠷ᠂ ᠪᠠᠷᠭᠤ᠂ ᠰᠢᠨᠳᠢ ᠶ᠋ᠢᠨ ᠵᠡᠷᠭᠡ ᠬᠣᠲᠠ ᠭᠠᠴᠠᠭ᠎ᠠ᠂ ᠬᠦᠢ ᠲᠣᠰᠬᠣᠨ ᠢ᠋ᠶ᠋ᠠᠷ ᠶᠠᠪᠤᠵᠤ ᠦᠵᠡᠬᠦ ᠳ᠋ᠡᠭᠡᠨ ᠰᠢᠷᠴᠢᠨ᠂ ᠬᠠᠮᠤᠭ ᠭᠡᠮ ᠬᠣᠣᠷ ᠤ᠋ᠨ ᠡᠵᠡᠨ ᠳᠠᠢᠰᠤᠨ ᠤᠯᠤᠰ ᠭᠡᠵᠦ ᠪᠣᠳᠣᠵᠤ ᠶᠠᠪᠤᠭᠰᠠᠨ ᠬᠢᠲᠠᠳ ᠤᠯᠤᠰ ᠤ᠋ᠨ ᠠᠵᠤ ᠲᠥᠷᠥᠳᠡᠭ ᠪᠠᠢᠳᠠᠯ ᠢ᠋ ᠨᠢᠳᠦ ᠪᠡᠷ ᠦᠵᠡᠵᠦ᠂ ᠤᠬᠠᠭᠠᠨ ᠰᠦᠪᠡ ᠪᠡᠷ ᠢ᠋ᠶ᠋ᠡᠨ ᠰᠦᠪᠡᠯᠡᠪᠡ᠃  
       ᠳᠠᠭᠠᠷᠢᠯᠳᠤᠵᠤ ᠶᠠᠪᠤᠭᠰᠠᠨ ᠬᠢᠲᠠᠳ ᠲᠠᠷᠢᠶᠠᠴᠢᠨ᠂ ᠠᠵᠢᠯᠴᠢᠨ᠂ ᠭᠠᠷ ᠤᠷᠠᠴᠤᠳ ᠤ᠋ᠨ ᠠᠯᠢᠨ ᠲᠠᠢ ᠨᠢ ᠴᠦ᠍ ᠶᠠᠷᠢᠬᠤ ᠳ᠋ᠤᠨᠢ ᠶᠡᠷᠦ᠂ ᠮᠣᠩᠭᠣᠯ ᠭᠠᠵᠠᠷ ᠲᠠᠢᠯᠤᠨ ᠣᠴᠢᠵᠤ᠂ ᠮᠣᠩᠭᠣᠯᠴᠤᠳ ᠢ᠋ ᠡᠷᠬᠡᠨ ᠳ᠋ᠡᠭᠡᠨ ᠬᠤᠷᠢᠶᠠᠨ᠎ᠠ᠂ ᠮᠠᠯᠴᠢᠨ᠂ ᠠᠩᠴᠢᠨ ᠠᠷᠠᠳ ᠲᠤ᠌ ᠥᠯᠥᠭ ᠦ᠋ᠨ ᠠᠯᠪᠠᠨ ᠣᠨᠣᠭᠠᠵᠤ᠂ ᠡᠨᠡ ᠲᠡᠷᠡ ᠲᠠᠲᠠᠪᠤᠷᠢ ᠭᠤᠪᠴᠢᠨ᠎ᠠ᠃ ᠵᠢᠭᠡᠯᠡᠨ ᠥᠭᠴᠦ ᠬᠦᠦ ᠦᠷᠡᠵᠢᠭᠦᠯᠦᠨ᠎ᠡ ᠭᠡᠵᠦ ᠪᠣᠳᠣᠳᠠᠭ ᠰᠠᠨᠠᠳᠠᠭ ᠬᠥᠮᠦᠨ ᠶᠡᠷᠦ ᠨᠢᠭᠡ ᠴᠦ᠍ ᠦᠭᠡᠢ ᠠᠵᠢ᠃  
       ᠠᠢᠯ ᠵᠡᠷᠭᠡᠯᠡᠳᠡᠭᠡ ᠮᠣᠩᠭᠣᠯᠴᠤᠳ ᠤ᠋ᠨ ᠬᠡᠯᠡ ᠰᠠᠢᠨ ᠮᠡᠳᠡᠳᠡᠭ ᠡᠪᠦᠭᠡᠨ ᠬᠢᠲᠠᠳ ᠲᠠᠷᠢᠶᠠᠴᠢᠨ ᠲᠠᠢ ᠶᠠᠷᠢᠬᠤ ᠳ᠋ᠤ᠌᠂ ᠮᠠᠨᠵᠤ ᠬᠠᠭᠠᠨ ᠪᠠᠢᠬᠤ ᠦᠭᠡᠢ ᠪᠣᠯᠤᠭᠰᠠᠨ ᠭᠡᠳ ᠪᠢᠳᠡᠨ ᠳ᠋ᠦ᠍ ᠳᠡᠭᠡᠷ᠎ᠡ ᠪᠣᠯᠤᠭᠰᠠᠨ ᠶᠤᠮ ᠠᠯᠠᠭ᠎ᠠ᠃ ᠲᠥᠷᠥ ᠭᠡᠷᠡᠯᠲᠦ ᠶ᠋ᠢᠨ ᠴᠠᠭ ᠠ᠋ᠴᠠ ᠶᠤᠸᠠᠨ ᠱᠢ ᠺᠠᠢ ᠶ᠋ᠢᠨ ᠦᠶ᠎ᠡ ᠳ᠋ᠦ᠍ ᠶᠡᠷᠦ ᠳᠡᠭᠡᠷᠡᠭᠳᠡᠭᠰᠡᠨ ᠰᠢᠨᠵᠢ ᠦᠭᠡᠢ᠂ ᠪᠡᠷᠬᠡ ᠪᠠᠢᠨ᠎ᠠ᠃ ᠮᠠᠨᠠᠢ ᠴᠡᠷᠢᠭ ᠲᠠᠨᠠᠢ ᠤᠯᠤᠰ ᠢ᠋ ᠳᠡᠢᠯᠦᠨ᠎ᠡ ᠭᠡᠵᠦ ᠬᠥᠳᠡᠯᠦᠭᠡᠳ ᠮᠠᠨᠠᠢ ᠲᠠᠷᠢᠶ᠎ᠠ᠂ ᠭᠤᠯᠢᠷ᠂ ᠭᠠᠬᠠᠢ᠂ ᠰᠢᠪᠠᠭᠤ᠂ ᠴᠡᠷᠢᠭ ᠦ᠋ᠨ ᠬᠡᠷᠡᠭᠯᠡᠯ ᠳ᠋ᠦ᠍ ᠨᠡᠢᠯᠡᠭᠦᠯᠦᠨ᠎ᠡ ᠭᠡᠵᠦ ᠬᠠᠮᠤᠵᠤ ᠠᠪᠤᠪᠠ᠃ ᠮᠠᠨᠠᠢ ᠠᠢᠯ ᠵᠡᠷᠭᠡᠯᠡᠳᠡᠭᠡ ᠶᠠᠳᠠᠭᠤ ᠮᠣᠩᠭᠣᠯᠴᠤᠳ ᠢ᠋ ᠳᠠᠯᠠᠨ ᠲᠣᠨᠣᠵᠤ᠂ ᠵᠠᠷᠢᠮ ᠠᠢᠯ ᠢ᠋ ᠬᠦᠢᠰᠦ ᠲᠡᠮᠲᠡᠷᠢᠭᠰᠡᠨ ᠴᠦ᠍ ᠤᠳᠠᠭ᠎ᠠ ᠪᠣᠢ᠃ ᠶᠡᠷᠦ ᠨᠢ ᠮᠠᠨᠠᠢ ᠬᠠᠭᠤᠴᠢᠨ ᠦᠭᠡᠨ ᠳ᠋ᠦ᠍᠂ ᠰᠠᠢᠨ ᠲᠡᠮᠦᠷ ᠢ᠋ᠶ᠋ᠡᠷ ᠬᠠᠳᠠᠭᠠᠰᠤ ᠬᠢᠳᠡᠭ ᠦᠭᠡᠢ᠂ ᠰᠠᠢᠨ ᠬᠥᠮᠦᠨ ᠴᠡᠷᠢᠭ ᠪᠣᠯᠳᠠᠭ ᠦᠭᠡᠢ ᠭᠡᠳᠡᠭ ᠰᠢᠦ ᠳᠡ᠃ ᠣᠳᠣ ᠲᠠᠨᠠᠢᠬᠢᠨ᠂ ᠮᠠᠨ ᠤ᠋ ᠴᠡᠷᠢᠭ ᠦ᠋ᠨ ᠬᠣᠢᠨ᠎ᠠ ᠠ᠋ᠴᠠ ᠨᠢ ᠬᠥᠭᠡᠭᠡᠵᠦ ᠢᠷᠡᠬᠦ ᠳ᠋ᠡᠭᠡᠨ ᠮᠠᠨᠠᠢ ᠦᠯᠡᠳᠡᠭᠰᠡᠨ ᠬᠡᠳᠦᠨ ᠦᠬᠡᠷ ᠢ᠋ ᠠᠪᠤᠭᠠᠳ ᠶᠠᠪᠤᠴᠢᠵᠠᠢ(ᠶᠠᠪᠤᠴᠢᠬᠠᠵᠠᠢ)᠃ ᠣᠳᠣ ᠪᠢᠳᠡ ᠶᠠᠭᠤᠨ ᠢ᠋ᠶ᠋ᠠᠷ ᠭᠠᠵᠠᠷ ᠬᠠᠭᠠᠯᠵᠤ ᠲᠠᠷᠢᠶᠠᠯᠠᠩ ᠤ᠋ᠨ ᠠᠵᠢᠯ ᠬᠢᠨ᠎ᠡ?  ᠮᠠᠨᠠᠢ ᠠᠢᠯ ᠵᠡᠷᠭᠡᠯᠡᠳᠡᠭᠡ ᠶᠠᠳᠠᠭᠤ ᠮᠠᠯᠴᠢᠨ ᠠᠢᠯ᠂ ᠮᠠᠨᠠᠢ ᠳᠣᠲᠣᠷ ᠴᠡᠷᠢᠭ ᠲᠦ᠍ ᠶᠠᠮᠠᠷ ᠬᠣᠣᠷ ᠬᠢᠭᠰᠡᠨ ᠳ᠋ᠡᠭᠡᠨ ᠬᠠᠮᠤᠭ ᠶᠠᠭᠤᠮ᠎ᠠ ᠪᠠᠨ ᠲᠠᠯᠠᠭᠤᠯᠵᠤ᠂ ᠠᠮᠢ ᠪᠠᠨ ᠠᠯᠳᠠᠬᠤ ᠳ᠋ᠤ᠌ ᠬᠦᠷᠪᠡ? ᠪᠠᠶᠠᠴᠤᠳ ᠤ᠋ᠨ ᠥᠷᠢ ᠡᠴᠡ ᠰᠠᠯᠳᠠᠭ ᠦᠭᠡᠢ ᠶᠠᠳᠠᠭᠤ ᠲᠠᠷᠢᠶᠠᠴᠢᠨ ᠪᠢᠳᠡ᠂ ᠲᠠᠨ ᠤ᠋ ᠴᠡᠷᠢᠭ ᠲᠦ᠍ ᠶᠠᠮᠠᠷ ᠭᠡᠮ ᠬᠢᠭᠡᠳ ᠲᠠ ᠨᠠᠷ ᠮᠠᠨᠠᠢ ᠴᠡᠷᠢᠭ ᠦ᠋ᠨ ᠲᠣᠨᠣᠭᠠᠳ ᠦᠯᠡᠳᠡᠭᠰᠡᠨ ᠶᠠᠭᠤᠮ᠎ᠠ ᠶ᠋ᠢ ᠴᠥᠯᠪᠡᠨ ᠠᠪᠬᠤ ᠪᠣᠯᠤᠭᠰᠠᠨ ᠪᠢᠯᠡ᠃ ᠦᠭᠡᠢ ᠡᠨᠡ ᠲᠡᠢᠨ ᠭᠡᠵᠦ ᠶᠡᠬᠡ ᠮᠠᠭᠤᠬᠠᠢ ᠶᠤᠮ ᠭᠡᠳᠡᠭ ᠪᠠᠢᠵᠠᠢ᠃  
       ᠠᠢᠯ ᠵᠡᠷᠭᠡᠯᠡᠳᠡᠭᠡ ᠡᠭᠡᠯ ᠵᠢᠷ ᠦ᠋ᠨ ᠶᠠᠳᠠᠭᠤ ᠬᠢᠲᠠᠳ ᠮᠣᠩᠭᠣᠯ ᠤ᠋ᠨ ᠠᠵᠤ ᠲᠥᠷᠥᠬᠦ ᠪᠠᠢᠳᠠᠯ ᠢ᠋ ᠦᠵᠡᠪᠡᠯ ᠲᠠᠷᠢᠶᠠᠴᠢᠨ ᠨᠢ ᠠᠳᠬᠤ ᠪᠤᠳᠠᠭ᠎ᠠ ᠪᠠᠨ ᠮᠠᠯᠴᠢᠨ ᠲᠠᠢ ᠬᠤᠪᠢᠶᠠᠯᠴᠠᠨ᠂ ᠮᠠᠯᠴᠢᠨ ᠨᠢ ᠢᠮᠠᠭᠠᠨ ᠤ᠋ ᠪᠠᠨ ᠡᠮᠬᠦ ᠮᠢᠬ᠎ᠠ ᠲᠠᠷᠢᠶᠠᠴᠢᠨ ᠲᠠᠢ ᠬᠤᠪᠢᠶᠠᠯᠴᠠᠨ᠂ ᠪᠡᠶ᠎ᠡ ᠪᠡᠶ᠎ᠡ ᠳ᠋ᠡᠭᠡᠨ ᠳᠠᠮᠵᠢᠨ ᠲᠤᠰᠠᠯᠠᠯᠴᠠᠵᠤ ᠠᠵᠤ ᠲᠥᠷᠥᠳᠡᠭ ᠢ᠋ ᠨᠢ ᠦᠵᠡᠭᠡᠳ᠂ ᠰᠢᠷᠴᠢᠨ ᠡᠭᠡᠯ ᠬᠥᠮᠦᠨ ᠬᠠᠮᠢᠭ᠎ᠠ ᠴᠤ᠌ ᠠᠮᠢᠳᠤᠷᠠᠵᠤ ᠠᠵᠤ ᠲᠥᠷᠥᠬᠦ ᠨᠢ ᠪᠡᠷᠬᠡ ᠪᠠᠢᠭ᠎ᠠ ᠶ᠋ᠢ ᠰᠠᠢ᠍ᠢ(ᠰᠠᠶᠢ)ᠰᠠᠢᠨ ᠮᠡᠳᠡᠪᠡ᠃ ᠨᠢᠭᠡ ᠨᠠᠰᠤ ᠪᠠᠷ ᠨᠣᠶᠠᠳ ᠤ᠋ᠨ ᠰᠦᠷᠦᠭ ᠢ᠋ ᠨᠣᠬᠠᠢ ᠰᠢᠭ᠋ ᠳᠠᠭᠠᠵᠤ ᠬᠠᠷᠢᠭᠤᠯᠤᠨ ᠮᠠᠯᠯᠠᠵᠤ ᠶᠠᠪᠤᠳᠠᠭ ᠶᠠᠳᠠᠭᠤ ᠨᠡᠭᠦᠳᠡᠯᠴᠢᠨ ᠦ᠌ ᠣᠨ ᠤᠳᠠᠵᠤ ᠤᠲᠤᠭᠠᠨ ᠳ᠋ᠤ᠌ ᠬᠠᠷᠠᠯᠠᠭᠰᠠᠨ ᠨᠣᠣᠷᠬᠠᠢ ᠬᠠᠷ᠎ᠠ ᠭᠡᠷ ᠲᠦ᠍ ᠴᠦ᠍ ᠭᠡᠰᠡᠨ᠂ ᠬᠠᠷ᠎ᠠ ᠬᠥᠯᠥᠰᠥ ᠪᠡᠨ ᠴᠤᠪᠤᠷᠠᠭᠤᠯᠤᠨ ᠭᠣᠭᠣᠵᠢᠭᠤᠯᠵᠤ ᠤᠷᠭᠤᠭᠤᠯᠤᠭᠰᠠᠨ ᠲᠠᠷᠢᠶᠠᠨ ᠤ᠋ ᠪᠠᠨ ᠳᠥᠷᠪᠡᠨ ᠦ᠌ ᠭᠤᠷᠪᠠᠨ ᠬᠤᠪᠢ ᠶ᠋ᠢ ᠭᠠᠵᠠᠷ ᠲᠠᠷᠢᠶᠠᠯᠠᠩ ᠤ᠋ᠨ ᠡᠵᠡᠨ ᠪᠠᠶᠠᠨ ᠳ᠋ᠤ᠌ ᠲᠤᠰᠢᠶᠠᠵᠤ ᠥᠭᠳᠡᠭ ᠬᠢᠲᠠᠳ ᠲᠠᠷᠢᠶᠠᠴᠢᠨ ᠤ᠋ ᠪᠣᠷᠣ ᠰᠢᠪᠠᠷ ᠴᠣᠭᠴᠠᠯᠠᠭᠰᠠᠨ᠂ ᠤᠲᠤᠭ᠎ᠠ ᠭᠬᠢᠷ ᠪᠣᠯᠤᠭᠰᠠᠨ ᠮᠠᠭᠤ ᠪᠠᠢᠰᠢᠩ ᠳ᠋ᠤ᠌ ᠴᠤ᠌ ᠭᠡᠰᠡᠨ᠂ ᠵᠣᠪᠠᠯᠠᠩ ᠭᠠᠴᠢᠭᠳᠠᠯ ᠢᠪ ᠢᠵᠢᠯ᠂ ᠦᠭᠡᠭᠦᠦ( ᠦᠭᠡᠢᠭᠦᠦ) ᠬᠣᠭᠣᠰᠣᠨ ᠨᠢ ᠠᠪ ᠠᠳᠠᠯᠢ ᠦᠵᠡᠭᠳᠡᠵᠡᠢ᠃ 
       ᠮᠤᠤᠮᠢᠩᠭᠠᠨ ᠤ᠋ ᠨᠤᠲᠤᠭ ᠲᠤ᠌ ᠶᠠᠳᠠᠭᠤ ᠬᠢᠲᠠᠳ ᠭᠠᠴᠠᠭᠠᠨ ᠳ᠋ᠤ᠌ ᠴᠡᠷᠢᠭ ᠢ᠋ ᠲᠦᠷ ᠪᠠᠭᠤᠬᠤ ᠳ᠋ᠤ᠌᠂ ᠰᠢᠷᠴᠢᠨ ᠲᠡᠢ ᠨᠢᠭᠡ ᠡᠪᠦᠭᠡᠨ ᠬᠢᠲᠠᠳ ᠲᠠᠷᠢᠶᠠᠴᠢᠨ ᠶᠠᠷᠢᠵᠤ᠂ ᠮᠣᠩᠭᠣᠯ ᠴᠡᠷᠢᠭ ᠠᠢᠰᠤᠢ ᠶ᠋ᠢᠨ ᠰᠤᠷᠠᠭ ᠢ᠋ᠶ᠋ᠠᠷ ᠠᠯᠠᠭ᠎ᠠ ᠪᠣᠯᠵᠤ ᠥᠭᠭᠦᠭᠰᠡᠨ ᠪᠠᠶᠠᠨ ᠤ᠋ ᠠᠵᠢᠯ ᠬᠢᠵᠦ᠂ ᠪᠡᠷᠬᠡ ᠶᠠᠳᠠᠭᠤ ᠠᠵᠤ ᠲᠥᠷᠥᠳᠡᠭ ᠲᠠᠷᠢᠶᠠᠴᠢᠨ ᠤ᠋ ᠵᠣᠪᠠᠯᠠᠩ ᠢ᠋ ᠶᠠᠷᠢᠪᠠᠯ᠂ ᠴᠡᠷᠢᠭ ᠦ᠋ᠨ ᠯᠠᠮᠠ ᠲᠡᠷᠡ ᠶᠠᠷᠢᠶ᠎ᠠ ᠶ᠋ᠢ ᠰᠣᠨᠣᠰᠤᠭᠠᠳ᠂ 
       — ᠶᠢᠷᠲᠢᠨᠴᠦ ᠶ᠋ᠢᠨ ᠵᠢᠮ᠎ᠡ ᠶᠣᠰᠣ ᠡᠢᠮᠦ ᠪᠠᠢᠳᠠᠭ ᠶᠤᠮ ᠠ᠋᠃ ᠪᠠᠶᠠᠨ ᠨᠣᠶᠠᠨ ᠦᠭᠡᠭᠦᠦ(ᠦᠭᠡᠢᠭᠦᠦ) ᠪᠣᠭᠣᠯ ᠭᠡᠳᠡᠭ ᠴᠥᠮ ᠤᠷᠢᠳᠤ ᠨᠠᠰᠤᠨ ᠤ᠋ ᠦᠢᠯᠡ ᠶ᠋ᠢᠨ ᠦᠷ᠎ᠡ ᠶ᠋ᠢ ᠠᠮᠰᠠᠵᠤ ᠪᠠᠢᠭ᠎ᠠ ᠬᠡᠷᠡᠭ᠃ ᠤᠷᠢᠳᠤ ᠨᠠᠰᠤᠨ ᠳ᠋ᠠᠭᠠᠨ ᠪᠤᠶᠠᠨ ᠬᠤᠷᠢᠶᠠᠵᠤ᠂ ᠯᠠᠮᠠ ᠪᠠᠭᠰᠢ ᠨᠠᠷ ᠢ᠋ ᠬᠦᠨᠳᠦᠳᠬᠡᠵᠦ᠂ ᠥᠭᠯᠢᠭ(ᠥᠭᠯᠢᠭᠡ) ᠥᠭᠴᠦ ᠪᠠᠢᠭᠰᠠᠨ ᠠᠮᠢᠲᠠᠨ᠂ ᠡᠨᠡ ᠨᠠᠰᠤᠨ ᠳ᠋ᠠᠭᠠᠨ ᠲᠡᠷᠡ ᠰᠠᠢᠨ ᠪᠤᠶᠠᠨ ᠤ᠋ ᠦᠢᠯᠡ ᠶ᠋ᠢ ᠠᠮᠰᠠᠵᠤ ᠪᠠᠢᠭ᠎ᠠ ᠶᠤᠮ᠃ ᠲᠡᠢᠮᠦ ᠶ᠋ᠢᠨ ᠲᠤᠯᠠᠳᠠ ᠪᠤᠶᠠᠨ ᠨᠢᠮᠭᠡᠨ ᠲᠡᠢ ᠬᠥᠮᠦᠨ ᠲᠡᠷᠡ ᠪᠤᠶᠠᠨᠲᠠᠨ ᠢ᠋ ᠬᠠᠷᠠᠵᠤ᠂ ᠳ᠋ᠠᠭᠠᠨ ᠳᠠᠭᠤᠷᠢᠶᠠᠵᠤ᠂ ᠬᠣᠢᠲᠤ ᠨᠠᠰᠤᠨ ᠳ᠋ᠠᠭᠠᠨ ᠪᠤᠶᠠᠨ ᠢ᠋ᠶ᠋ᠠᠨ ᠡᠳ᠋ᠯᠡᠬᠦ  ᠭᠡᠵᠦ ᠯᠠᠮᠠ ᠪᠠᠭᠰᠢ ᠨᠠᠷ ᠢ᠋ ᠬᠦᠨᠳᠦᠳᠬᠡᠨ᠂ ᠨᠣᠶᠠᠳ ᠶᠡᠬᠡᠰ ᠦ᠋ᠨ ᠦᠭᠡ ᠶ᠋ᠢ ᠳᠠᠭᠠᠵᠤ ᠦᠢᠯᠡᠴᠢᠯᠡᠬᠦ ᠶᠣᠰᠣᠲᠠᠢ ᠭᠡᠵᠦ ᠰᠤᠷᠭᠠᠨ ᠬᠡᠯᠡᠭᠡᠳ᠂ ᠬᠢᠲᠠᠳ ᠪᠣᠯ ᠪᠤᠷᠤᠭᠤ ᠨᠣᠮ ᠲᠠᠢ ᠤᠯᠤᠰ ᠪᠢᠯᠡ᠃ ᠪᠢᠳᠡᠨ ᠦ᠌ ᠮᠣᠩᠭᠣᠯᠴᠤᠳ᠂ ᠢᠯᠠᠭᠤᠭᠰᠠᠨ ᠤ᠋ ᠱᠠᠰᠢᠨ ᠡᠷᠳᠡᠨᠢ ᠨᠠᠷᠠᠨ ᠮᠡᠲᠦ ᠮᠠᠨᠳᠤᠵᠤ᠂ ᠱᠠᠰᠢᠨ ᠠᠮᠢᠲᠠᠨ ᠤ᠋ ᠲᠤᠰᠠ ᠶ᠋ᠢᠨ ᠲᠤᠯᠠᠳᠠ ᠪᠣᠭᠳᠠ ᠵᠢᠪᠽᠦᠢ᠍ᠨᠳᠠᠮᠪᠠ ᠬᠤᠲᠤᠭᠲᠤ ᠶ᠋ᠢᠨ ᠲᠣᠳᠣᠷᠠᠨ ᠵᠠᠯᠠᠷᠠᠵᠤ ᠪᠠᠢᠳᠠᠭ ᠣᠷᠣᠨ ᠳ᠋ᠤ᠌ ᠲᠥᠷᠥᠭᠰᠡᠨ ᠬᠤᠪᠢ ᠲᠡᠭᠦᠯᠳᠡᠷ ᠤᠯᠤᠰ ᠭᠡᠵᠦ ᠬᠡᠯᠡᠭᠡᠳ ᠥᠩᠭᠡᠷᠡᠬᠦ ᠳ᠋ᠦ᠍ᠨᠢ᠂ ᠬᠦᠷᠢᠶ᠎ᠡ ᠣᠷᠣᠬᠤ ᠡᠯᠴᠢ ᠲᠤᠲᠠᠮᠳᠠᠢ(ᠳᠣᠳᠣᠮ ᠲᠠᠢ᠂ ᠡᠯᠴᠢ ᠪᠦᠷᠢ ᠳ᠋ᠦ᠍) ᠫᠢᠭ ᠳᠦᠭᠦᠷᠡᠩ ᠶᠠᠭᠤᠮ᠎ᠠ ᠴᠢᠬᠢᠵᠦ ᠴᠣᠣᠵᠢ ᠵᠡᠭᠦᠭᠰᠡᠨ ᠪᠣᠭᠴᠣ ᠶᠠᠪᠤᠭᠤᠯᠳᠠᠭ ᠲᠡᠷᠡ ᠬᠣᠪᠳᠣᠭ ᠰᠢᠨᠤᠬᠠᠢ ᠯᠠᠮᠠ ᠳ᠋ᠤ᠌ ᠦᠨᠡᠨ ᠭᠣᠣᠯ ᠠ᠋ᠴᠠ ᠳᠤᠷ᠎ᠠ ᠦᠭᠡᠢ ᠨᠢᠭᠡᠨ ᠡᠪᠦᠭᠡᠨ ᠴᠡᠷᠢᠭ᠂ ᠯᠠᠮᠠ ᠶ᠋ᠢᠨ ᠬᠣᠢᠨ᠎ᠠ ᠠ᠋ᠴᠠ ᠨᠤᠯᠮᠤᠭᠠᠳ᠂ ᠰᠢᠷᠴᠢᠨ ᠳ᠋ᠦ᠍᠄ 
       — ᠴᠢ ᠲᠡᠭᠦᠨ ᠦ᠌ ᠦᠭᠡ ᠶ᠋ᠢ ᠪᠢᠲᠡᠭᠡᠢ ᠰᠣᠨᠣᠰ! ᠲᠡᠢᠮᠦ ᠮᠠᠭᠤ ᠬᠥᠮᠦᠨ ᠢ᠋ ᠥᠯᠥᠬᠡᠨ(ᠥᠯᠥᠭᠡᠢ) ᠳᠡᠯᠡᠬᠡᠢ ᠶᠠᠭᠠᠬᠢᠵᠤ ᠳᠠᠭᠠᠭᠠᠵᠤ ᠪᠠᠢᠳᠠᠭ ᠶᠤᠮ ᠪᠣᠢ ᠭᠡᠮᠡᠷ ᠠᠮᠢᠲᠠᠨ ᠳᠠ᠃ ᠬᠡᠷᠪᠡ ᠲᠠᠮᠤ ᠭᠡᠳᠡᠭ ᠶᠦᠮ(ᠶᠠᠭᠤᠮ᠎ᠠ) ᠪᠠᠢᠳᠠᠭ ᠯᠠ ᠶᠤᠮ ᠪᠣᠯ ᠠᠷᠪᠠᠨ ᠬᠠᠷ᠎ᠠ ᠨᠢᠭᠦᠯ ᠦ᠋ᠨ ᠢ᠋ᠶ᠋ᠡᠨ ᠥᠷᠢ ᠲᠥᠯᠥᠭᠡᠰᠦ ᠡᠳ᠋ᠯᠡᠵᠦ᠂ ᠠᠷᠪᠠᠨ ᠨᠠᠢ᠍ᠮᠠᠨ ᠲᠠᠮᠤ ᠶ᠋ᠢᠨ ᠬᠠᠮᠤᠭ ᠤ᠋ᠨ ᠠᠶᠤᠰᠢ ᠲᠠᠮᠤ ᠳ᠋ᠤ᠌ ᠬᠡᠪᠲᠡᠪᠡᠯ ᠵᠣᠬᠢᠬᠤ ᠯᠠᠮᠠ ᠳᠠ ᠴᠠᠭᠠᠳᠤᠬᠢ ᠴᠢᠨᠢ᠃ ᠮᠤᠩᠬᠠᠭ ᠨᠢ ᠭᠠᠬᠠᠢ ᠶ᠋ᠢᠨ ᠠᠳᠠᠯᠢ᠂ ᠤᠷᠢᠨ ᠨᠢ ᠮᠣᠭᠠᠢ ᠶ᠋ᠢᠨ ᠠᠳᠠᠯᠢ᠂ ᠲᠠᠴᠢᠶᠠᠩᠭᠤᠢ ᠨᠢ ᠲᠠᠬᠢᠶ᠎ᠠ ᠶ᠋ᠢᠨ ᠠᠳᠠᠯᠢ᠂ ᠲᠡᠷᠡ ᠯᠠᠮᠠ ᠢᠲᠡᠭᠡᠯ ᠢ᠋ᠶ᠋ᠡᠨ ᠤᠩᠰᠢᠬᠤ ᠳ᠋ᠠᠭᠠᠨ(ᠳ᠋ᠤ᠌ ᠪᠠᠨ) ᠨᠠᠮᠤ ᠮᠥᠩᠭᠥᠶ᠎ᠡ᠂ ᠨᠠᠮᠤ ᠠᠷᠢᠬᠢᠶ᠎ᠠ᠂ ᠨᠠᠮᠤ ᠡᠮᠡᠶ᠎ᠡ* ᠭᠡᠵᠦ ᠤᠩᠰᠢᠪᠠᠯ ᠲᠠᠭᠠᠷᠠᠬᠤ ᠶᠤᠮᠰᠠᠨᠵᠠᠢ᠃ ᠮᠠᠨ ᠤ᠋ ᠵᠠᠩᠵᠤᠨ ᠤ᠋ ᠬᠣᠢᠨ᠎ᠠ ᠠ᠋ᠴᠠ ᠰᠡᠭᠦᠳᠡᠷ ᠰᠢᠭ ᠰᠠᠯᠤᠯ ᠦᠭᠡᠢ ᠳᠠᠭᠠᠵᠤ ᠲᠠᠩᠨᠠᠬᠤ᠂ ᠮᠠᠨ ᠤ᠋ ᠴᠡᠷᠢᠭ ᠦ᠋ᠨ ᠣᠯᠤᠭᠰᠠᠨ ᠣᠯᠵᠠ ᠶ᠋ᠢ ᠤᠯᠤᠰ ᠤ᠋ᠨ ᠰᠠᠩ ᠳ᠋ᠤ᠌ ᠣᠷᠣᠬᠤ ᠠ᠋ᠴᠠ ᠡᠮᠦᠨ᠎ᠡ ᠭᠠᠷ ᠬᠦᠷᠴᠦ ᠳᠡᠭᠡᠵᠢ ᠶ᠋ᠢ ᠨᠢ ᠠᠪᠬᠤ ᠵᠣᠷᠢᠯᠭ᠎ᠠ ᠪᠠᠷ ᠱᠠᠰᠢᠨ ᠲᠥᠷᠥ ᠳ᠋ᠦ᠍ ᠲᠤᠰᠠᠯᠠᠭᠴᠢ ᠰᠠᠢᠳ ᠤ᠋ᠨ ᠶᠠᠪᠤᠭᠤᠯᠤᠭᠰᠠᠨ ᠪᠠᠷᠠᠭᠤᠨ ᠭᠠᠷ ᠨᠢ ᠭᠡᠵᠦ ᠮᠡᠳᠡᠭᠡᠷᠡᠢ᠂ ᠮᠠᠨ ᠤ᠋ ᠲᠡᠷᠡ ᠯᠠᠮᠠ ᠶ᠋ᠢ ᠪᠢᠳᠡ ᠮᠡᠲᠦ ᠶ᠋ᠢᠨ ᠡᠭᠡᠯ ᠴᠡᠷᠢᠭ ᠲᠦ᠍ ᠬᠣᠣᠷ ᠬᠢᠵᠦ ᠴᠢᠳᠠᠬᠤ ᠦᠭᠡᠢ ᠪᠣᠯᠪᠠᠴᠤ᠂ ᠲᠡᠷᠡ ᠪᠤᠵᠠᠷ ᠠᠮᠢᠲᠠᠨ ᠤ᠋ ᠰᠠᠯᠬᠢᠨ ᠤ᠋ ᠳᠣᠣᠭᠤᠷ ᠴᠤ᠌ ᠭᠠᠷᠤᠭᠰᠠᠨ ᠤ᠋ ᠬᠡᠷᠡᠭ ᠠᠯᠠᠭ᠎ᠠ ᠭᠡᠪᠡ᠃  
       ᠮᠠᠭᠰᠤᠷᠵᠠᠪ ᠤ᠋ᠨ ᠮᠣᠷᠢᠨ ᠴᠡᠷᠢᠭ ᠢ᠋ ᠳᠠᠢᠰᠤᠨ ᠢ᠋ᠶ᠋ᠠᠨ ᠬᠥᠭᠡᠭᠡᠵᠦ᠂ ᠰᠤᠮᠤ ᠵᠡᠪᠰᠡᠭ ᠢ᠋ ᠨᠢ ᠣᠯᠵᠠᠯᠠᠨ᠂ ᠴᠡᠷᠢᠭ ᠦ᠋ᠨ ᠬᠡᠷᠡᠭᠯᠡᠯ ᠢ᠋ ᠨᠡᠢᠯᠡᠭᠦᠯᠵᠦ ᠶᠠᠪᠤᠭᠰᠠᠭᠠᠷ᠂ ᠡᠷᠲᠡᠨ ᠦ᠌ ᠲᠦᠮᠡᠳ ᠦ᠋ᠨ ᠠᠯᠲᠠᠨ ᠬᠠᠭᠠᠨ ᠤ᠋ ᠨᠡᠢᠰᠯᠡᠯ ᠬᠥᠬᠡ ᠬᠣᠲᠠᠨ ᠳ᠋ᠤ᠌ ᠣᠢᠷᠠᠲᠤᠵᠤ(ᠣᠢᠷᠠᠳᠴᠤ) ᠶᠠᠪᠤᠲᠠᠯ᠎ᠠ᠂ ᠬᠢᠲᠠᠳ ᠣᠷᠣᠰ ᠮᠣᠩᠭᠣᠯ ᠭᠤᠷᠪᠠᠨ ᠤᠯᠤᠰ ᠤ᠋ᠨ1915 ᠣᠨ ᠤ᠋ ᠭᠤᠷᠪᠠᠨ ᠤᠯᠤᠰ ᠤ᠋ᠨ ᠭᠡᠷ᠎ᠡ ᠪᠡᠷ ᠲᠡᠭᠦᠰᠦᠭᠰᠡᠨ ᠬᠡᠯᠡᠯᠴᠡᠭᠡᠷ ᠡᠬᠢᠯᠡᠵᠦ᠂ ᠳᠠᠢᠳᠤᠵᠤ ᠪᠠᠢᠭᠰᠠᠨ ᠬᠣᠶᠠᠷ ᠡᠲᠡᠭᠡᠳ ᠦ᠋ᠨ ᠪᠠᠢᠯᠳᠤᠬᠤ ᠶ᠋ᠢ ᠵᠣᠭᠰᠣᠭᠠᠭᠰᠠᠨ ᠪᠢᠯᠡ᠃ ᠲᠡᠭᠡᠭᠡᠳ ᠮᠠ᠊ ᠵᠠᠩᠵᠤᠨ ᠤ᠋ ᠴᠡᠷᠢᠭ᠂ ᠣᠯᠠᠨ᠎ᠠ ᠶ᠋ᠢᠨ ᠳᠥᠷᠪᠡᠳᠦᠭᠡᠷ ᠣᠨ ᠳ᠋ᠤ᠌ ᠮᠣᠷᠢᠨ ᠤ᠋ ᠵᠢᠯᠣᠭᠣ ᠶ᠋ᠢ ᠶᠡᠬᠡ ᠬᠦᠷᠢᠶᠡᠨ ᠦ᠌ ᠵᠦᠭ ᠵᠠᠯᠠᠭᠰᠠᠨ ᠪᠢᠯᠡ᠃ 
       ᠰᠢᠷᠴᠢᠨ ᠢ᠋ ᠬᠤᠵᠢᠷᠪᠤᠯᠤᠩ ᠤ᠋ᠨ ᠴᠡᠷᠢᠭ ᠦ᠋ᠨ ᠬᠠᠮᠲᠤ ᠨᠡᠢᠰᠯᠡᠯ ᠬᠦᠷᠢᠶᠡᠨ᠎ᠡ ᠡᠭᠡᠵᠦ ᠢᠷᠡᠬᠦ ᠳ᠋ᠦ᠍᠂ ᠲᠣᠷᠭᠠᠨ ᠴᠡᠷᠢᠭ ᠦ᠋ᠨ ᠳᠠᠷᠤᠭ᠎ᠠ ᠲᠣᠭᠲᠠᠬᠤ    ᠲᠠᠢᠵᠢ ᠭᠡᠳᠡᠭ ᠭᠣᠷᠯᠣᠰ ᠬᠥᠮᠦᠨ᠂ ᠤᠯᠤᠰ ᠲᠥᠷᠥ ᠳ᠋ᠦ᠍ ᠬᠦᠴᠦ ᠪᠡᠨ ᠰᠢᠳᠤᠷᠭᠤ ᠪᠠᠷ ᠥᠭᠴᠦ ᠵᠢᠳᠬᠦᠭᠰᠡᠨ ᠢ᠋ ᠬᠠᠭᠠᠨ ᠰᠠᠢᠰᠢᠶᠠᠵᠤ᠂ ᠭᠤᠷᠪᠠᠳᠤᠭᠠᠷ ᠵᠡᠷᠭᠡ ᠶ᠋ᠢᠨ ᠬᠥᠬᠡ ᠥᠩᠭᠡ ᠶ᠋ᠢᠨ ᠭᠡᠭᠡᠬᠡᠨ(ᠭᠡᠭᠡᠨ) ᠪᠣᠯᠣᠷ ᠵᠢᠩᠰᠡ ᠱᠠᠩᠨᠠᠨ᠂ ᠣᠨᠴᠠ ᠦᠵᠡᠵᠦ ᠮᠣᠳᠣᠷ ᠤ᠋ᠨ ᠠᠳᠢᠰ ᠬᠦᠷᠲᠡᠭᠡᠨ᠎ᠡ ᠭᠡᠵᠦ ᠰᠣᠨᠣᠰᠬᠠᠪᠠ᠃  
       ᠰᠢᠷᠴᠢᠨ᠂ ᠬᠠᠭᠠᠨ ᠢ᠋ ᠲᠡᠢᠨᠬᠦ ᠬᠣᠶᠠᠳᠤᠭᠠᠷ ᠤᠳᠠᠭ᠎ᠠ ᠦᠵᠡᠬᠦ ᠳ᠋ᠡᠭᠡᠨ᠂ ᠪᠦᠷ ᠨᠢᠭᠤᠷ ᠲᠤᠯᠵᠤ ᠶᠡᠬᠡᠯ᠎ᠡ ᠣᠢᠷᠠᠬᠠᠨ ᠠ᠋ᠴᠠ ᠦᠵᠡᠪᠡ᠃ ᠬᠠᠭᠠᠨ ᠤ᠋ ᠤᠨᠵᠠᠢᠬᠰᠠᠨ ᠬᠠᠴᠢᠷ(ᠤᠨᠵᠢᠢᠭᠰᠠᠨ ᠬᠠᠴᠠᠷ)᠂ ᠤᠯᠴᠢᠭᠠᠷ ᠬᠥᠬᠡ ᠴᠢᠷᠠᠢ᠂ ᠲᠣᠮᠣ ᠭᠡᠭᠴᠢ ᠶ᠋ᠢᠨ ᠬᠠᠷ᠎ᠠ ᠰᠢᠯ ᠨᠢ ᠶᠡᠬᠡᠯ᠎ᠡ ᠬᠠᠴᠢᠨ ᠦᠵᠡᠭᠳᠡᠪᠡ᠃ ᠠᠳᠢᠰ ᠲᠠᠯᠪᠢᠬᠤ ᠳ᠋ᠠᠭᠠᠨ ᠶᠠᠭᠤᠮ᠎ᠠ ᠲᠡᠮᠲᠡᠷᠢᠭᠰᠡᠨ ᠰᠢᠭ ᠪᠠᠷᠠᠭᠤᠨ ᠭᠠᠷ ᠢ᠋ᠶ᠋ᠠᠨ ᠠᠶᠠᠷᠬᠠᠨ ᠰᠠᠷᠪᠠᠢᠭᠰᠠᠭᠠᠷ᠂ ᠠᠳᠢᠰ ᠠᠪᠴᠤ ᠪᠠᠢᠭ᠎ᠠ ᠬᠥᠮᠦᠨ ᠦ᠌ ᠲᠣᠯᠣᠭᠠᠢ ᠶ᠋ᠢ ᠲᠡᠮᠲᠡᠷᠢᠨ ᠠᠳᠢᠰ ᠲᠠᠯᠪᠢᠵᠤ ᠪᠠᠢᠭᠰᠠᠨ ᠢ᠋ ᠬᠠᠷᠠᠭᠠᠳ᠂ ᠬᠠᠭᠠᠨ ᠤ᠋ ᠨᠢᠳᠦ ᠶᠠᠭᠤᠮ᠎ᠠ ᠬᠠᠷᠠᠬᠤ ᠦᠭᠡᠢ ᠪᠣᠯᠵᠠᠢ ᠭᠡᠵᠦ ᠮᠡᠳᠡᠪᠡ᠃ ᠲᠡᠭᠡᠭᠡᠳ᠂ ᠪᠥᠬᠥᠢᠨ ᠨᠠᠮᠠᠨᠴᠢᠯᠠᠵᠤ᠂ ᠠᠳᠢᠰ ᠠᠪᠬᠤ ᠭᠡᠵᠦ ᠨᠥᠬᠥᠳ ᠦ᠋ᠨ ᠬᠣᠢᠨ᠎ᠠ ᠠ᠋ᠴᠠ ᠶᠠᠪᠤᠭᠰᠠᠭᠠᠷ ᠣᠢᠷᠠᠲᠤᠪᠠᠯ᠂ ᠪᠠᠯᠠᠢ ᠬᠠᠭᠠᠨ ᠤ᠋ ᠭᠠᠷ ᠨᠢ ᠬᠤᠷᠤᠭᠤᠨ ᠤ᠋ ᠦᠵᠦᠭᠦᠷ ᠢ᠋ᠶ᠋ᠡᠷ ᠰᠢᠷᠴᠢᠨ ᠦ᠌ ᠴᠢᠬᠢᠨ ᠳ᠋ᠦ᠍ ᠬᠦᠷᠦᠭᠡᠳ ᠭᠡᠵᠢᠭᠡ ᠥᠭᠡᠳᠡ ᠲᠡᠮᠲᠡᠷᠢᠨ ᠠᠳᠢᠰ ᠲᠠᠯᠪᠢᠬᠤ ᠳ᠋ᠤᠨᠢ᠂ ᠠᠶᠠᠨ ᠲᠡᠢᠨ ᠳ᠋ᠦ᠍ ᠶᠠᠪᠤᠬᠤ ᠦᠶᠡᠰ᠂ ᠴᠡᠷᠢᠭ ᠦ᠋ᠨ ᠯᠠᠮᠠ ᠶ᠋ᠢᠨ ᠪᠠᠨᠳᠢ ᠠ᠋ᠴᠠ ᠪᠣᠭᠳᠠ ᠶ᠋ᠢ ᠬᠠᠭᠠᠨ ᠪᠣᠯᠬᠤ ᠠ᠋ᠴᠠ ᠡᠮᠦᠨ᠎ᠡ ᠨᠢᠭᠡᠨ ᠤᠳᠠᠭ᠎ᠠ ᠵᠡᠭᠦᠨ ᠬᠦᠷᠢᠶᠡᠨ ᠳ᠋ᠦ᠍ ᠶᠡᠬᠡᠯ᠎ᠡ ᠬᠥᠯᠴᠥᠭᠦᠦ ᠪᠡᠷ ᠮᠣᠷᠢᠯᠠᠵᠤ ᠢᠷᠡᠭᠡᠳ᠂ ᠰᠠᠬᠢᠭᠤᠯᠰᠤ ᠬᠤᠷᠠᠵᠤ ᠪᠠᠢᠭᠰᠠᠨ ᠳᠤᠭᠠᠩ ᠳ᠋ᠤ᠌ ᠣᠷᠣᠭᠠᠳ᠂ ᠠᠮᠠᠨ ᠳ᠋ᠠᠭᠠᠨ ᠵᠠᠭᠤᠭᠰᠠᠨ ᠶᠠᠩᠵᠤᠤᠷ ᠢ᠋ ᠠᠪᠴᠤ᠂ ᠤᠯᠠᠭᠠᠨ ᠰᠠᠬᠢᠭᠤᠯᠰᠤ ᠶ᠋ᠢ ᠮᠠᠢ᠂ ᠲᠠᠮᠠᠬᠢᠯᠠ ᠭᠡᠵᠦ ᠶᠠᠩᠵᠤᠤᠷ ᠢ᠋ᠶ᠋ᠠᠨ ᠠᠮᠠᠨ ᠳ᠋ᠤᠨᠢ ᠬᠢᠬᠦ ᠭᠡᠳ ᠭᠠᠯ ᠢ᠋ᠶ᠋ᠠᠷ ᠨᠢ ᠳᠣᠭᠰᠢᠨ ᠰᠠᠬᠢᠭᠤᠯᠰᠤ ᠶ᠋ᠢᠨ ᠨᠢᠳᠦ ᠴᠢᠴᠢᠭᠰᠡᠨ ᠢ᠋ ᠰᠠᠬᠢᠭᠤᠯᠰᠤ ᠬᠤᠷᠠᠵᠤ ᠪᠠᠢᠭᠰᠠᠨ ᠯᠠᠮᠠ ᠨᠠᠷ ᠠᠶᠤᠨ ᠰᠣᠴᠢᠨ ᠬᠠᠷᠠᠵᠤ ᠪᠢᠯᠡ᠃ ᠴᠢᠩᠭᠢᠭᠡᠳ᠂ ᠰᠠᠬᠢᠭᠤᠯᠰᠤ ᠬᠢᠯᠢᠩᠨᠡᠵᠦ ᠪᠣᠭᠳᠠ ᠶ᠋ᠢᠨ ᠨᠢᠳᠦᠨ ᠦ᠌ ᠬᠠᠷᠠᠭ᠎ᠠ ᠶ᠋ᠢ ᠠᠪᠤᠭᠰᠠᠨ ᠲᠤᠯᠠ ᠵᠢᠨᠰᠡᠷᠡᠭ ᠴᠢᠳᠬᠤᠯᠵᠤ(ᠴᠢᠳᠬᠤᠵᠤ) ᠮᠢᠩᠭᠠᠨ ᠨᠢᠳᠦᠲᠦ ᠵᠠᠩᠷᠠᠢᠰᠩ(ᠵᠠᠩᠷᠠᠢᠨᠰᠩ) ᠤ᠋ᠨ ᠰᠦᠮ᠎ᠡ ᠪᠣᠰᠬᠠᠭᠰᠠᠨ ᠨᠢ ᠲᠣᠭᠰᠢᠨ ᠰᠠᠬᠢᠭᠤᠯᠰᠤ ᠶᠠᠭᠠᠬᠢᠯ᠎ᠠ ᠭᠡᠵᠦ ᠳᠠᠬᠢᠨ ᠬᠠᠷᠠᠭ᠎ᠠ ᠲᠠᠢ ᠪᠣᠯᠭᠠᠬᠤ ᠪᠢᠯᠡ ᠭᠡᠵᠦ ᠶᠠᠷᠢᠭᠰᠠᠨ ᠢ᠋ ᠰᠠᠨᠠᠵᠠᠢ᠃ 
       ᠮᠣᠳᠣᠷ ᠤ᠋ᠨ ᠠᠳᠢᠰ ᠬᠦᠷᠲᠡᠭᠰᠡᠨ ᠴᠡᠷᠢᠭ ᠪᠦᠬᠦᠨ ᠳ᠋ᠦ᠍ ᠰᠢᠪᠠᠭᠤ ᠲᠠᠢ ᠮᠧᠭᠰᠢᠺ᠂ ᠯᠤᠤ ᠲᠠᠢ ᠮᠠᠨᠵᠤ ᠬᠢᠲᠠᠳ ᠮᠥᠩᠭᠥᠨ ᠶᠠᠩᠴᠢᠶᠠᠨ ᠠᠷᠪᠠᠨ ᠳᠥᠷᠪᠡ ᠳᠥᠷᠪᠡ ᠶ᠋ᠢ ᠣᠯᠭᠣᠵᠤ᠂ ᠨᠤᠲᠤᠭ ᠲᠠᠭᠠᠨ ᠪᠤᠴᠠᠬᠤ ᠳ᠋ᠤ᠌ ᠤᠯᠠᠭ᠎ᠠ ᠬᠡᠷᠡᠭᠯᠡᠬᠦ ᠵᠠᠷ ᠰᠢᠢᠳᠬᠡᠨ ᠣᠯᠭᠤᠵᠠᠢ᠃  
       ᠰᠢᠷᠴᠢᠨ ᠥᠷᠲᠡᠭᠡ ᠪᠡᠷ ᠪᠤᠴᠠᠵᠤ᠂ ᠨᠤᠲᠤᠭ ᠲᠠᠭᠠᠨ ᠬᠦᠷᠴᠦ ᠶᠠᠪᠤᠭᠠᠳ᠂ ᠬᠣᠶᠠᠷ ᠮᠥᠷᠦᠨ ᠳᠡᠭᠡᠭᠦᠷ ᠰᠣᠯᠪᠢᠴᠠᠨ ᠵᠡᠭᠦᠭᠰᠡᠨ ᠰᠢᠪ ᠰᠢᠨᠡᠬᠡᠨ ᠰᠢᠷ᠎ᠠ ᠰᠢᠷᠠᠨ ᠲᠠᠢᠽᠢ ᠲᠠᠢ᠂  ᠴᠣ ᠰᠢᠨ᠎ᠡ ᠮᠣᠳᠣᠨ ᠬᠤᠢ ᠲᠠᠢ ᠮᠠᠦ᠋ᠽᠧᠷ ᠢ᠋ ᠨᠢ ᠶᠡᠬᠡᠯ᠎ᠡ (ᠶᠡᠬᠡ ᠯᠡ) ᠤᠪᠳᠤᠨ ᠬᠠᠷᠠᠵᠤ ᠶᠠᠪᠤᠭᠰᠠᠨ ᠵᠠᠯᠠᠭᠤ ᠤᠯᠠᠭᠠᠴᠢ ᠠ᠋ᠴᠠ ᠰᠣᠨᠣᠰᠪᠠᠯ᠂ ᠰᠣᠨᠣᠮ ᠵᠠᠩᠭᠢ ᠨᠠᠰᠤ ᠪᠠᠷᠠᠭᠠᠳ᠂ ᠡᠷᠦᠬᠡ ᠶ᠋ᠢᠨ ᠲᠡᠷᠢᠭᠦᠯᠡᠭᠴᠢ ᠨᠢ ᠵᠠᠩᠭᠢ ᠶ᠋ᠢᠨ ᠬᠦᠦ᠂ ᠮᠠᠰᠢ ᠬᠠᠷᠠᠮᠴᠢ ᠨᠠᠷᠢᠨ ᠬᠥᠮᠦᠨ ᠪᠣᠢ ᠭᠡᠵᠦ ᠰᠣᠨᠣᠰᠪᠠ᠃  
       ᠲᠡᠷᠡ ᠬᠥᠮᠦᠨ ᠡᠴᠡ ᠠᠶᠠᠭ᠎ᠠ ᠬᠣᠭᠣᠯᠠ ᠭᠤᠶᠤᠭᠰᠠᠨ ᠠ᠋ᠴᠠ ᠦᠬᠦᠭᠰᠡᠨ ᠡᠮᠡᠭᠡᠨ ᠡᠴᠡ ᠤᠩᠭᠠᠰᠤ ᠭᠤᠶᠤᠭᠰᠠᠨ ᠨᠢ ᠳᠡᠭᠡᠷ᠎ᠡ ᠭᠡᠵᠦ ᠤᠯᠠᠭᠠᠴᠢ ᠬᠦᠦ ᠶ᠋ᠢᠨ ᠬᠡᠯᠡᠬᠦ ᠳ᠋ᠦ᠍ ᠰᠢᠷᠴᠢᠨ᠂ ᠵᠠᠩᠭᠢ ᠶ᠋ᠢᠨ ᠳ᠋ᠦ᠍ ᠬᠦᠷᠬᠦ ᠭᠡᠵᠦ ᠪᠣᠳᠣᠵᠤ ᠶᠠᠪᠤᠭᠰᠠᠨ ᠢ᠋ᠶ᠋ᠠᠨ ᠪᠠᠢᠵᠤ᠂ ᠤᠷᠢᠳᠠ(ᠤᠷᠢᠳ) ᠡᠷᠭᠦᠵᠦ ᠠᠪᠤᠭᠰᠠᠨ ᠡᠴᠢᠭᠡ ᠵᠠᠮᠪᠠ ᠶ᠋ᠢᠨ ᠳ᠋ᠦ᠍ ᠬᠦᠷᠬᠦ ᠪᠡᠷ ᠲᠣᠭᠲᠠᠵᠤ ᠪᠢᠯᠡ᠃ 
       ᠵᠠᠮᠪᠠ ᠶ᠋ᠢᠨ ᠭᠠᠳᠠᠨ᠎ᠠ ᠬᠦᠷᠴᠦ ᠢᠷᠡᠬᠦ ᠳ᠋ᠦ᠍ ᠨᠡᠯᠢᠶᠡᠳ ᠥᠲᠡᠯᠦᠭᠰᠡᠨ ᠣᠪᠣᠷ ᠲᠠᠢ ᠵᠠᠩᠲᠠᠢ᠂ ᠰᠢᠷᠴᠢᠨ ᠢ᠋ ᠲᠠᠨᠢᠭᠰᠠᠨ ᠦᠭᠡᠢ᠂ ᠤᠯᠠᠭᠠᠴᠢ ᠳᠠᠭᠠᠭᠤᠯᠤᠭᠰᠠᠨ ᠵᠢᠩᠰᠡ ᠤᠲᠤᠭ᠎ᠠ ᠲᠠᠢ᠂ ᠯᠠᠪ ᠲᠠᠮᠠᠭ᠎ᠠ ᠶ᠋ᠢᠨ ᠭᠠᠵᠠᠷ ᠠ᠋ᠴᠠ ᠲᠦᠰᠢᠮᠡᠯ ᠢᠷᠡᠪᠡ ᠭᠡᠵᠦ ᠰᠠᠨᠳᠤᠷᠴᠤ᠂ ᠵᠠᠮᠪᠠ ᠶ᠋ᠢ ᠳᠠᠭᠤᠳᠠᠨ᠂ ᠲᠠᠮᠠᠭ᠎ᠠ ᠶ᠋ᠢᠨ ᠭᠠᠵᠠᠷ ᠠ᠋ᠴᠠ ᠲᠦᠰᠢᠮᠡᠯ ᠠᠪᠤᠭᠠᠢ ᠢᠷᠡᠪᠡ᠂ ᠭᠠᠷᠴᠤ ᠣᠭᠲᠣ ᠭᠡᠵᠦ ᠳᠠᠭᠤᠳᠠᠬᠤ ᠳ᠋ᠤᠨᠢ ᠵᠠᠮᠪᠠ ᠭᠡᠷ ᠡᠴᠡ ᠰᠡᠩᠳᠡᠨ ᠮᠡᠩᠳᠡᠨ ᠶᠠᠪᠤᠭᠤᠲᠠ ᠮᠠᠯᠠᠭᠠᠢ ᠪᠠᠨ ᠡᠮᠦᠰᠴᠦ ᠭᠠᠷᠤᠭᠠᠳ᠂ ᠰᠢᠷᠴᠢᠨ ᠢ᠋ ᠲᠠᠨᠢᠵᠤ᠂ 
       — ᠦᠭᠡᠢ᠂ ᠡᠨᠡ ᠴᠢᠨᠢ ᠮᠠᠨ ᠤ᠋ ᠰᠢᠷᠴᠢᠨ ᠪᠠᠢᠬᠤ ᠰᠢᠪ ᠳᠡ! ᠲᠠᠨᠢᠬᠤ ᠶ᠋ᠢᠨ ᠠᠷᠭ᠎ᠠ ᠦᠭᠡᠢ ᠲᠣᠮᠣ ᠪᠣᠯᠴᠢᠵᠡᠢ( ᠪᠣᠯᠴᠢᠬᠠᠵᠠᠢ) ᠭᠡᠬᠦ ᠳ᠋ᠦ᠍ᠨᠢ (ᠳ᠋ᠦ᠍ ᠨᠢ) ᠵᠠᠩᠲᠠᠢ᠂ 
       — ᠦᠨᠡᠬᠡᠷ ᠲᠡᠢᠮᠦ ᠪᠠᠢᠨ᠎ᠠ ᠰᠢᠦ᠂ ᠪᠢ ᠴᠦ᠍ ᠲᠠᠨᠢᠭᠰᠠᠨ ᠦᠭᠡᠢ᠃ ᠤᠯᠠᠭᠠᠴᠢ ᠳᠠᠭᠠᠭᠤᠯᠤᠭᠰᠠᠨ᠂ ᠫᠤᠤ ᠵᠡᠭᠦᠭᠰᠡᠨ᠂ ᠵᠢᠩᠰᠡ ᠲᠡᠢ ᠤᠲᠤᠭ᠎ᠠ ᠲᠠᠢ ᠲᠠᠨᠢᠬᠤ ᠦᠭᠡᠢ ᠲᠦᠰᠢᠮᠡᠯ ᠠᠪᠤᠭᠠᠢ ᠢᠷᠡᠯ᠎ᠡ ᠭᠡᠵᠦ ᠰᠠᠨᠳᠤᠷᠤᠯ᠎ᠠ ᠭᠡᠵᠦ ᠨᠢᠭᠡ ᠣᠯᠠᠨ ᠦᠭᠡ ᠶᠠᠷᠢᠵᠤ ᠭᠠᠷᠤᠯ᠎ᠠ᠃  
       ᠤᠯᠠᠭᠠᠴᠢ ᠶ᠋ᠢ ᠰᠢᠷᠴᠢᠨ ᠦ᠌ ᠥᠭᠡᠳᠡ ᠡᠴᠡ ᠶᠡᠬᠡᠯ᠎ᠡ (ᠶᠡᠬᠡ ᠯᠡ) ᠪᠢᠰᠢᠷᠡᠨ ᠬᠠᠷᠠᠵᠤ ᠪᠠᠢᠭ᠎ᠠ ᠶ᠋ᠢ ᠠᠵᠢᠭᠯᠠᠭᠠᠳ᠂ ᠵᠠᠮᠪᠠ᠂ ᠵᠢᠩᠰᠡ ᠤᠲᠤᠭ᠎ᠠ ᠲᠠᠢ ᠬᠦᠦ ᠲᠡᠢ ᠪᠣᠯᠤᠭᠰᠠᠨ ᠳ᠋ᠠᠭᠠᠨ ᠪᠠᠬᠠᠷᠬᠠᠵᠤ᠂ ᠮᠠᠯᠠᠭᠠᠢ ᠳᠡᠭᠡᠷᠡᠬᠢ ᠬᠥᠬᠡ ᠥᠩᠭᠡ ᠶ᠋ᠢᠨ ᠭᠡᠭᠡᠬᠡᠨ( ᠭᠡᠭᠡᠨ) ᠪᠣᠯᠣᠷ ᠵᠢᠩᠰᠡ᠂ ᠭᠢᠯᠠᠯᠵᠠᠭᠰᠠᠨ ᠰᠢᠨᠡᠬᠡᠨ ᠤᠲᠤᠭ᠎ᠠ ᠶ᠋ᠢ ᠬᠠᠪᠠᠷᠬᠠᠨ(ᠬᠠᠴᠢᠷᠬᠠᠨ) ᠬᠠᠷᠠᠵᠤ᠂ ᠮᠠᠦ᠋ᠽᠧᠷ ᠦ᠋ᠨ ᠭᠣᠶᠣ ᠰᠢᠨ᠎ᠡ ᠬᠤᠢ ᠶ᠋ᠢ ᠪᠠᠷᠢᠵᠤ ᠦᠵᠡᠭᠡᠳ᠂ 
       — ᠡᠨᠡ ᠴᠢᠨᠦ ᠮᠠᠦ᠋ᠽᠧᠷ ᠤᠤ ᠭᠡᠬᠦ ᠳ᠋ᠦ᠍ᠨᠢ᠂ 
       — ᠮᠢᠨᠦ᠂ ᠬᠠᠳᠠᠨ ᠪᠠᠭᠠᠲᠤᠷ ᠨᠠᠳᠠᠳᠤ ᠱᠠᠩᠨᠠᠭᠰᠠᠨ ᠶᠤᠮ ᠠ᠋ ᠭᠡᠬᠦ ᠳ᠋ᠦ᠍ᠨᠢ(ᠳ᠋ᠦ᠍ ᠨᠢ) ᠪᠦᠷ ᠴᠦ᠍ ᠰᠠᠭᠰᠠᠢᠵᠤ᠂ 
       — ᠤᠤᠬᠠᠢ! ᠬᠠᠷᠠᠭᠠᠴᠢ᠂ ᠵᠠᠩᠲᠠᠢ᠂ ᠬᠠᠳᠠᠨ ᠪᠠᠭᠠᠲᠤᠷ ᠱᠠᠩᠨᠠᠵᠤ ᠭᠡᠨ᠎ᠡ ᠰᠢᠦ᠃ ᠮᠠᠨ ᠤ᠋ ᠪᠦᠬᠦ ᠬᠤᠰᠢᠭᠤᠨ ᠳ᠋ᠤ᠌ ᠣᠳᠣ ᠮᠠᠨᠠᠢᠬᠢ (ᠮᠠᠨ ᠤ᠋ ᠬᠢ) ᠡᠴᠡ ᠥᠭᠡᠷ᠎ᠡ ᠬᠡᠨ ᠦ᠌ ᠳ᠋ᠦ᠍ ᠴᠦ᠍ ᠡᠢᠮᠦ ᠮᠠᠦ᠋ᠽᠧᠷ ᠪᠠᠢᠬᠤ ᠦᠭᠡᠢ ᠰᠢᠦ᠃ ᠵᠠ ᠬᠦᠦ ᠮᠢᠨᠢ᠂ ᠭᠡᠷ ᠲᠦ᠍ ᠣᠷᠣ ᠭᠡᠯ᠎ᠡ᠃  

— — — — 
* ᠨᠠᠮᠤ ᠪᠣᠳᠢᠶ᠎ᠠ᠂ ᠨᠠᠮᠤ ᠲᠠᠷᠮᠠᠶ᠎ᠠ᠂ ᠨᠠᠮᠤ ᠰᠠᠩᠭᠠᠶ᠎ᠠ ᠭᠡᠳᠡᠭ ᠦ᠋ᠨ ᠣᠷᠣᠨ ᠳ᠋ᠤ᠌ ᠮᠥᠩᠭᠥ᠂ ᠠᠷᠢᠬᠢ᠂ ᠡᠮ᠎ᠡ ᠭᠡᠳᠡᠭ ᠦᠭᠡ ᠬᠡᠷᠡᠭᠯᠡᠨ ᠥᠭᠦᠯᠡᠵᠡᠢ᠃ ᠨᠠᠮᠤ ᠭᠡᠵᠦ  ᠮᠥᠷᠭᠥᠨ᠎ᠡ ᠭᠡᠰᠡᠨ ᠦᠭᠡ᠃ ᠲᠡᠢᠨᠬᠦ(ᠲᠡᠢᠨ ᠬᠦ᠌) ᠮᠥᠩᠭᠥᠨ ᠳ᠋ᠦ᠍ ᠮᠥᠷᠭᠥᠨ᠎ᠡ ᠭᠡᠬᠦ ᠵᠡᠷᠭᠡ ᠦᠭᠡ ᠪᠣᠯᠵᠠᠢ᠃  


           ᠦᠰᠦᠭ ᠠᠮᠢᠯᠠᠭᠤᠯᠤᠭᠴᠢ᠄  ᠴᠡᠩᠬᠡᠯᠴᠡᠴᠡᠭ᠂ ᠤᠢᠭᠤᠷᠵᠢᠨ·ᠣᠳᠬᠣᠨᠪᠠᠪᠠ᠂  ᠣᠶᠤᠨᠪᠢᠯᠢᠭ᠌᠂ ᠲᠠᠪᠤᠨ ᠤᠰᠤ  
            ᠬᠢᠨᠠᠭᠴᠢ᠄ ᠬᠡᠷᠡᠢᠳ· ᠵᠣᠯ᠂ ᠴᠡᠩᠬᠡᠯᠴᠡᠴᠡᠭ᠂ ᠣᠳᠬᠣᠨᠴᠡᠴᠡᠭ᠂ ᠮᠥᠩᠭᠥᠨᠭᠣᠸ᠎ᠠ᠂ ᠣᠶᠤᠨᠪᠠᠲᠤ᠂ ᠪᠠᠯ  
             ᠤᠩᠰᠢᠭᠴᠢ᠄ ᠨᠠᠰᠤᠨ᠌ᠦ᠌ᠯᠵᠡᠢ