ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠨᠠᠢ᠍ᠮᠠᠳᠤᠭᠠᠷ ᠪᠦᠯᠦᠭ ᠬᠠᠷᠠᠭ᠎ᠠ ᠬᠦᠷᠬᠦ ᠦᠭᠡᠢ ᠠᠯᠤᠰ ᠲᠤ᠌ ᠤᠬᠠᠭᠠᠨ ᠬᠦᠷᠳᠡᠭСорхугтани бэх хатан-Бямбын Сарантуяа
ᠨᠠᠢ᠍ᠮᠠᠳᠤᠭᠠᠷ ᠪᠦᠯᠦᠭ ᠬᠠᠷᠠᠭ᠎ᠠ ᠬᠦᠷᠬᠦ ᠦᠭᠡᠢ ᠠᠯᠤᠰ ᠲᠤ᠌ ᠤᠬᠠᠭᠠᠨ ᠬᠦᠷᠳᠡᠭ
ᠤᠯᠠᠭᠠᠨ ᠰᠢᠷ᠎ᠠ ᠥᠩᠭᠡ ᠬᠣᠣᠰᠯᠠᠭᠤᠯᠤᠨ ᠭᠡᠭᠡᠯᠡᠭᠰᠡᠨ᠂ ᠤᠷᠠᠨ ᠭᠣᠶᠣᠮᠰᠣᠭ ᠬᠢᠴᠡ ᠲᠡᠢ ᠮᠣᠳᠣᠨ ᠬᠠᠢᠷᠴᠠᠭ ᠰᠢᠷᠡᠭᠡᠨ ᠳᠡᠭᠡᠷ᠎ᠡ ᠲᠠᠯᠪᠢᠭᠠᠰᠤᠲᠠᠢ ᠪᠠᠢᠯ᠎ᠠ᠃ ᠪᠣᠳᠣᠭ ᠨᠢ ᠬᠠᠯᠴᠠᠷᠠᠵᠤ ᠡᠯᠡᠭᠳᠡᠨ᠂ ᠪᠤᠯᠤᠩ ᠲᠣᠬᠣᠢ ᠨᠢ ᠬᠠᠷᠠᠯᠠᠭᠰᠠᠨ ᠢ᠋ ᠦᠵᠡᠪᠡᠯ ᠶᠡᠬᠡ ᠡᠷᠲᠡᠨ ᠦ᠌ ᠡᠳ᠋ ᠪᠣᠯᠤᠯᠲᠠᠢ᠃ ᠬᠠᠵᠠᠭᠤ ᠳ᠋ᠤᠨᠢ ᠬᠡᠳᠦ ᠨᠤᠭᠤᠯᠤᠭᠰᠠᠨ ᠵᠠᠬᠢᠳᠠᠯ ᠪᠠᠢᠬᠤ ᠨᠢ ᠡᠨᠡ ᠬᠠᠢᠷᠴᠠᠭ ᠵᠠᠬᠢᠳᠠᠯ ᠤ᠋ᠨ ᠬᠠᠮᠲᠤ ᠢᠷᠡᠭᠰᠡᠨ ᠪᠣᠯᠪᠠ ᠤᠤ ᠭᠡᠯᠲᠡᠢ ᠬᠠᠷᠠᠭᠳᠠᠨ᠎ᠠ᠃ ᠪᠠᠲᠤ ᠬᠠᠢᠷᠴᠠᠭ ᠢ᠋ ᠰᠢᠷᠡᠭᠡᠨ ᠳᠡᠭᠡᠷ᠎ᠡ ᠡᠴᠡ ᠠᠪᠴᠤ ᠬᠠᠢᠷᠴᠠᠭ ᠤ᠋ᠨ ᠲᠠᠭ ᠢ᠋ ᠠᠯᠭᠤᠷᠬᠠᠨ ᠨᠡᠭᠡᠭᠡᠪᠡᠯ ᠨᠢᠯᠬ᠎ᠠ ᠬᠡᠦᠬᠡᠳ ᠦ᠋ᠨ ᠥᠷᠥᠭᠡᠰᠦᠨ ᠪᠣᠢᠲᠣᠭ ᠭᠠᠷᠴᠤ ᠢᠷᠡᠯ᠎ᠡ᠃ ᠪᠣᠢᠲᠣᠭ ᠢ᠋ ᠠᠪᠬᠤ ᠳ᠋ᠤ᠌ ᠬᠣᠩᠬᠣᠨ ᠤ᠋ ᠵᠢᠩᠭᠢᠨᠡᠭᠰᠡᠨ ᠳᠠᠭᠤ ᠣᠷᠴᠢᠨ ᠤ᠋ ᠠᠨᠢᠷ ᠦᠭᠡᠢ ᠶ᠋ᠢ ᠡᠪᠳᠡᠨ ᠳᠠᠭᠤᠷᠢᠰᠪᠠ᠃
ᠬᠠᠢᠷᠴᠠᠭ ᠤ᠋ᠨ ᠲᠠᠭ ᠢ᠋ ᠨᠡᠭᠡᠭᠡᠬᠦ ᠲᠡᠢ ᠵᠡᠷᠭᠡᠴᠡᠨ ᠬᠠᠩᠬᠤᠯᠤᠭᠰᠠᠨ ᠶᠡᠷᠦ ᠪᠤᠰᠤ ᠶ᠋ᠢᠨ ᠦᠨᠦᠷ ᠬᠣᠩᠬᠣᠨ ᠤ᠋ ᠵᠢᠩᠭᠢᠨᠡᠭᠰᠡᠨ ᠳᠠᠭᠤ ᠲᠠᠢ ᠬᠣᠣᠰᠯᠠᠨ ᠪᠠᠲᠤ ᠶ᠋ᠢᠨ ᠰᠡᠳᠬᠢᠯ ᠢ᠋ ᠡᠵᠡᠮᠳᠡᠨ ᠠᠪᠤᠪᠠ᠃ ᠴᠡᠭᠡᠵᠢᠨ ᠴᠠᠭᠠᠨ᠎ᠠ ᠡᠴᠡ ᠵᠢᠷᠦᠬᠡ ᠨᠢ ᠬᠦᠴᠦᠲᠡᠢ ᠴᠣᠬᠢᠯᠠᠨ᠂ ᠡᠪᠡᠳᠦᠯᠲᠡ ᠨᠢ ᠦᠷᠦ ᠥᠮᠥᠯᠦᠨ ᠪᠠᠢᠬᠤ ᠰᠢᠭ᠋ ᠰᠠᠨᠠᠭᠳᠠᠬᠤ ᠳ᠋ᠤ᠌ ᠨᠢᠳᠦᠨ ᠳ᠋ᠦ᠍ᠨᠢ ᠨᠢᠯᠪᠤᠰᠤ ᠳᠦᠭᠦᠷᠪᠡ᠃ ᠡᠵᠡᠨ ᠳ᠋ᠡᠭᠡᠨ ᠵᠠᠬᠢᠷᠤᠭᠳᠠᠬᠤ ᠦᠭᠡᠢ ᠬᠠᠴᠠᠷ ᠢ ᠳᠠᠭᠠᠨ ᠤᠷᠤᠰᠬᠤ ᠨᠢᠯᠪᠤᠰᠤ ᠪᠠᠨ ᠲᠡᠷᠡ ᠶᠠᠭᠠᠬᠢᠬᠤ ᠪᠠᠨ ᠮᠡᠳᠡᠭᠰᠡᠨ ᠦᠭᠡᠢ᠃ ᠦᠨᠡᠨ ᠳ᠋ᠡᠭᠡᠨ ᠲᠡᠷᠡ ᠨᠢᠯᠪᠤᠰᠤ ᠭᠡᠵᠦ ᠶᠠᠭᠤ ᠪᠠᠢᠳᠠᠭ ᠢ᠋ ᠮᠠᠷᠲᠠᠭᠰᠠᠨ ᠮᠡᠲᠦ ᠰᠠᠨᠠᠭᠳᠠᠨ᠎ᠠ᠃ ᠲᠡᠷᠡ ᠪᠡᠷ ᠨᠢᠯᠪᠤᠰᠤ ᠤᠨᠠᠭᠠᠯ ᠦᠭᠡᠢ ᠣᠯᠠᠨ ᠵᠢᠯ ᠪᠣᠯᠵᠠᠢ᠃ ᠪᠠᠲᠤ ᠢᠷᠡᠭᠰᠡᠨ ᠬᠥᠮᠦᠰ ᠢ᠋ ᠭᠠᠷᠬᠤ ᠶ᠋ᠢ ᠬᠦᠰᠡᠨ ᠳᠣᠬᠢᠯ᠎ᠠ᠃ ᠪᠠᠲᠤ ᠬᠠᠭᠠᠨ ᠤ᠋ ᠦᠷᠭᠦᠭᠡᠨ ᠳ᠋ᠦ᠍ ᠢᠷᠡᠭᠰᠡᠨ ᠲᠠᠯ᠎ᠠ ᠨᠤᠲᠤᠭ ᠤ᠋ᠨ ᠡᠯᠴᠢ ᠳᠠᠭᠠᠯᠳᠤᠨ ᠢᠷᠡᠭᠰᠡᠨ ᠬᠥᠮᠦᠰ ᠦ᠋ᠨ ᠬᠠᠮᠲᠤ ᠬᠣᠢᠰᠢ ᠤᠬᠤᠷᠢᠭᠰᠠᠭᠠᠷ ᠭᠠᠳᠠᠭᠰᠢ ᠭᠠᠷᠴᠤ᠂ ᠦᠷᠭᠦᠭᠡᠨ ᠳ᠋ᠦ᠍ ᠰᠦᠪᠡᠭᠡᠳᠡᠢ ᠪᠠᠭᠠᠲᠤᠷ᠂ ᠪᠠᠲᠤ ᠶ᠋ᠢᠨ ᠳᠡᠭᠦᠦ ᠪᠡᠷᠬᠡ ᠶ᠋ᠢᠨ ᠬᠠᠮᠲᠤ ᠦᠯᠡᠲᠡᠯ᠎ᠡ᠃ ᠦᠷᠭᠦᠭᠡᠨ ᠳ᠋ᠦ᠍ ᠨᠠᠮ ᠭᠦᠮ᠂ ᠪᠠᠲᠤ᠄
ᠰᠤᠷᠬᠠᠭᠳᠠᠨᠢ ᠬᠠᠲᠤᠨ ᠥᠨᠥ ᠨᠠᠳᠠ ᠳ᠋ᠤ᠌ ᠡᠭᠦᠨ ᠢ᠋ ᠢᠯᠡᠭᠡᠵᠡᠢ᠃ ᠠᠮᠤᠷ ᠮᠡᠨᠳᠦ ᠰᠠᠭᠤᠪᠠᠯ ᠠᠬᠢᠨ ᠠᠭᠤᠯᠵᠠᠬᠤ ᠳ᠋ᠠᠭᠠᠨ ᠥᠭᠭᠦᠶ᠎ᠡ ᠭᠡᠵᠦ ᠬᠡᠯᠡᠵᠦ ᠪᠠᠢᠭᠰᠠᠨ ᠶᠤᠮ ᠭᠡᠪᠡ᠃
ᠪᠡᠷᠬᠡ᠂ᠰᠦᠪᠡᠭᠡᠳᠡᠢ ᠪᠠᠭᠠᠲᠤᠷ ᠬᠣᠶᠠᠷ ᠪᠠᠲᠤ ᠶ᠋ᠢᠨ ᠭᠠᠷ ᠲᠤ᠌ ᠪᠠᠢᠭ᠎ᠠ ᠪᠣᠢᠲᠣᠭ ᠢ᠋ ᠴᠣᠬᠣᠮ ᠶᠠᠮᠠᠷ ᠤᠴᠢᠷ ᠲᠠᠢ ᠶ᠋ᠢ ᠮᠡᠳᠡᠬᠦ ᠦᠭᠡᠢ ᠴᠦ᠍ ᠶᠡᠬᠡ ᠨᠠᠨᠳᠢᠨ ᠳᠤᠷᠠᠰᠤᠮᠵᠢ ᠶ᠋ᠢ ᠨᠢ ᠬᠥᠨᠳᠡᠭᠰᠡᠨ ᠪᠣᠯᠬᠤ ᠶ᠋ᠢ ᠨᠢ ᠮᠡᠳᠡᠷᠡᠵᠦ ᠪᠠᠢᠯ᠎ᠠ᠃ ᠪᠠᠲᠤ ᠶ᠋ᠢᠨ ᠰᠡᠳᠬᠢᠯ ᠠᠷᠠᠢ ᠲᠠᠢᠪᠤᠰᠢᠷᠠᠪᠠ ᠪᠣᠯᠤᠯᠲᠠᠢ᠃ ᠪᠣᠢᠲᠣᠭ ᠢ᠋ ᠲᠡᠳᠡᠨ ᠳ᠋ᠦ᠍ ᠬᠠᠷᠠᠭᠤᠯᠵᠤ᠂
— ᠡᠴᠢᠭᠡ ᠶ᠋ᠢᠨ ᠮᠢᠨᠢ ᠪᠠᠭ᠎ᠠ ᠳ᠋ᠠᠭᠠᠨ ᠡᠮᠦᠰᠴᠦ ᠥᠰᠦᠭᠰᠡᠨ ᠪᠣᠢᠲᠣᠭ ᠡᠨᠡ ᠪᠠᠢᠨ᠎ᠠ ᠭᠡᠵᠦ ᠬᠡᠯᠡᠭᠡᠳ᠂ ᠬᠠᠵᠠᠭᠤ ᠡᠴᠡ ᠪᠠᠨ ᠳᠠᠬᠢᠨ ᠨᠢᠭᠡ ᠮᠣᠳᠣᠨ ᠬᠠᠢᠷᠴᠠᠭ ᠠᠪᠴᠤ ᠳᠣᠲᠣᠷ᠎ᠠ ᠡᠴᠡ ᠨᠢ ᠥᠷᠥᠭᠡᠰᠦᠨ ᠪᠣᠢᠲᠣᠭ ᠭᠠᠷᠭᠠᠨ ᠢᠷᠡᠬᠦ ᠳ᠋ᠦ᠍ ᠮᠥᠨᠥᠬᠢ ᠪᠣᠢᠲᠣᠭ ᠤ᠋ᠨ ᠢᠵᠢᠯ ᠨᠢ ᠪᠠᠢᠪᠠ᠃ ᠣᠯᠠᠨ ᠵᠢᠯ ᠦ᠋ᠨ ᠬᠣᠢᠨ᠎ᠠ ᠨᠡᠢᠯᠡᠵᠦ ᠪᠣᠢ ᠬᠣᠶᠠᠷ ᠪᠣᠢᠲᠣᠭ ᠢ᠋ ᠠᠯᠠᠭᠠᠨ ᠳᠡᠭᠡᠷ᠎ᠡ ᠪᠡᠨ ᠵᠡᠷᠭᠡᠴᠡᠭᠦᠯᠵᠦ ᠲᠠᠯᠪᠢᠭᠠᠳ᠂
— ᠡᠴᠢᠭᠡ ᠶ᠋ᠢ ᠮᠢᠨᠢ ᠲᠥᠷᠥᠬᠦ ᠳ᠋ᠦ᠍ ᠡᠭᠦᠨ ᠢ᠋ ᠥᠭᠡᠯᠦᠨ ᠡᠬᠡ ᠣᠶᠣᠵᠤ ᠥᠭᠭᠦᠭᠰᠡᠨ ᠶᠤᠮ ᠭᠡᠨ᠎ᠡ ᠪᠢᠯᠡ ᠭᠡᠵᠦ ᠬᠡᠯᠡᠭᠡᠳ ᠴᠢᠮᠡᠭᠡ ᠦᠭᠡᠢ ᠪᠣᠯᠤᠯ᠎ᠠ᠃
ᠪᠡᠷᠬᠡ᠂ ᠰᠦᠪᠡᠭᠡᠳᠡᠢ ᠬᠣᠶᠠᠷ ᠰᠠᠶᠢ ᠤᠴᠢᠷ ᠢ᠋ ᠣᠯᠵᠤ᠂ ᠪᠠᠲᠤ ᠶ᠋ᠢᠨ ᠰᠡᠳᠬᠢᠯ ᠡᠮᠲᠡᠷᠡᠨ ᠪᠣᠢ ᠴᠠᠭᠠᠳᠤ ᠰᠢᠯᠲᠠᠭᠠᠨ ᠢ᠋ ᠮᠡᠳᠡᠪᠡ᠃ ᠡᠴᠢᠭᠡ ᠪᠡᠨ ᠠᠯᠳᠠᠭᠰᠠᠨ ᠡᠴᠡ ᠬᠣᠢᠰᠢ ᠣᠯᠠᠨ ᠵᠢᠯ ᠥᠩᠭᠡᠷᠡᠭᠰᠡᠨ ᠦ᠌ ᠳᠠᠷᠠᠭ᠎ᠠ ᠡᠨᠡ ᠪᠣᠢᠲᠣᠭ ᠬᠦᠦ ᠶ᠋ᠢᠨ ᠬᠢᠨᠢ ᠭᠠᠷ ᠳᠡᠭᠡᠷ᠎ᠡ ᠢᠷᠡᠵᠡᠢ᠃ ᠥᠪᠡᠷ ᠦ᠋ᠨ ᠬᠢᠨᠢ ᠪᠤᠰᠤ᠂ ᠡᠴᠢᠭᠡ ᠶ᠋ᠢᠨ ᠬᠢᠨᠢ ᠪᠠᠭ᠎ᠠ ᠳ᠋ᠠᠭᠠᠨ ᠡᠮᠦᠰᠴᠦ ᠥᠰᠦᠭᠰᠡᠨ ᠪᠣᠢᠲᠣᠭ ᠪᠠᠲᠤ ᠳ᠋ᠤ᠌ ᠵᠥᠴᠢ ᠡᠴᠢᠭᠡ ᠶ᠋ᠢᠨ ᠬᠢᠨᠢ ᠲᠤᠬᠠᠢ ᠤᠷᠲᠤ ᠳᠤᠷᠠᠰᠤᠮᠵᠢ ᠶ᠋ᠢ ᠰᠡᠳᠡᠷᠡᠭᠡᠭᠰᠡᠨ ᠬᠡᠷᠡᠭ ᠪᠠᠢᠯ᠎ᠠ᠃ ᠥᠪᠡᠷ ᠲᠤᠨᠢ ᠦᠯᠡᠳᠡᠭᠰᠡᠨ ᠥᠷᠥᠭᠡᠰᠦᠨ ᠪᠣᠢᠲᠣᠭ ᠢ᠋ ᠲᠡᠷᠡ ᠪᠡᠷ ᠥᠨᠥ ᠬᠦᠷᠲᠡᠯ᠎ᠡ ᠬᠠᠳᠠᠭᠠᠯᠠᠵᠤ ᠢᠷᠡᠵᠡᠢ᠃ ᠬᠠᠷᠢᠨ ᠢᠵᠢᠯ ᠢ᠋ ᠨᠢ ᠰᠤᠷᠬᠠᠭᠳᠠᠨᠢ ᠬᠠᠲᠤᠨ ᠬᠠᠳᠠᠭᠠᠯᠠᠨ ᠰᠠᠭᠤᠭᠰᠠᠨ ᠠᠵᠢ᠃ ᠴᠣᠬᠣᠮ ᠶᠠᠭᠤᠨ ᠤ᠋ ᠤᠴᠢᠷ ᠰᠤᠷᠬᠠᠭᠳᠠᠨᠢ ᠬᠠᠲᠤᠨ ᠥᠷᠥᠭᠡᠰᠦᠨ ᠪᠣᠢᠲᠣᠭ ᠢ᠋ ᠬᠠᠳᠠᠭᠠᠯᠠᠵᠤ ᠪᠠᠢᠭᠰᠠᠨ ᠬᠢᠭᠡᠳ ᠥᠨᠥ ᠶᠠᠭᠠᠬᠢᠭᠠᠳ ᠲᠡᠭᠦᠨ ᠳ᠋ᠦ᠍ ᠶᠠᠪᠤᠭᠤᠯᠤᠭᠰᠠᠨ ᠢ᠋ ᠲᠡᠳᠡ ᠪᠠᠰᠠ ᠣᠢᠯᠠᠭᠠᠵᠤ ᠶᠠᠳᠠᠨ ᠪᠠᠢᠪᠠ᠃ ᠪᠠᠲᠤ ᠨᠢᠯᠪᠤᠰᠤ ᠪᠠᠨ ᠵᠠᠯᠭᠢᠵᠤ᠂ ᠴᠡᠭᠡᠵᠢ ᠪᠡᠨ ᠳᠠᠨᠠᠢᠲᠠᠯᠠ ᠭᠦᠨᠵᠡᠭᠡᠢ ᠠᠮᠢᠰᠬᠤᠭ᠎ᠠ ᠠᠪᠤᠭᠠᠳ᠂
— ᠡᠪᠦᠭᠡ ᠡᠴᠢᠭᠡ ᠶ᠋ᠢᠨ ᠴᠡᠷᠢᠭ ᠦ᠋ᠳ ᠬᠣᠷᠧᠽᠮ ᠢ᠋ ᠳᠠᠷᠤᠵᠤ ᠲᠠᠯ᠎ᠠ ᠨᠤᠲᠤᠭ ᠤᠷᠤᠭᠤ ᠪᠠᠨ ᠪᠤᠴᠠᠭᠰᠠᠨ ᠤ᠋ ᠳᠠᠷᠠᠭ᠎ᠠ ᠡᠴᠢᠭᠡ ᠮᠢᠨᠢ ᠣᠷᠣᠨ ᠡᠴᠡ ᠪᠠᠨ ᠪᠣᠰᠴᠤ ᠴᠢᠳᠠᠬᠤ ᠦᠭᠡᠢ ᠡᠪᠡᠳᠦᠨ ᠠᠯᠵᠢᠶᠠᠵᠤ ᠪᠠᠢᠭᠰᠠᠨ ᠬᠡᠳᠦᠢ ᠴᠦ᠍ ᠬᠠᠭᠠᠨ ᠡᠴᠢᠭᠡ ᠶ᠋ᠢᠨ ᠵᠠᠷᠯᠢᠭ ᠲᠤᠯᠠ᠂ ᠮᠢᠨᠦ ᠠᠪᠤ ᠲᠠᠯ᠎ᠠ ᠨᠤᠲᠤᠭ ᠲᠠᠭᠠᠨ ᠪᠤᠴᠠᠯ ᠦᠭᠡᠢ ᠦᠯᠡᠳᠡᠭᠰᠡᠨ ᠪᠢᠯᠡ ᠭᠡᠳ ᠲᠡᠷᠡ ᠪᠡᠷ ᠪᠡᠷᠬᠡ ᠶ᠋ᠢ ᠬᠠᠷᠠᠵᠤ᠂
— ᠳᠡᠭᠦᠦ ᠮᠢᠨᠢ᠂ ᠴᠢ ᠨᠠᠰᠤ ᠴᠢᠨᠢ ᠪᠠᠭ᠎ᠠ ᠪᠠᠢᠭᠰᠠᠨ ᠪᠣᠯᠬᠣᠷ ᠡᠨᠡ ᠲᠤᠬᠠᠢ ᠰᠠᠢᠨ ᠮᠡᠳᠡᠬᠦ ᠦᠭᠡᠢ ᠬᠠᠷᠢᠨ ᠰᠦᠪᠡᠭᠡᠳᠡᠢ ᠪᠠᠭᠠᠲᠤᠷ ᠲᠡᠷᠡ ᠴᠠᠭ ᠢ᠋ ᠰᠠᠨᠠᠵᠤ ᠪᠠᠢᠭ᠎ᠠ᠃ ᠪᠢᠳᠡ ᠶᠠᠮᠠᠷ ᠬᠦᠨᠳᠦ ᠪᠠᠢᠳᠠᠯ ᠲᠠᠢ ᠪᠠᠢᠭᠰᠠᠨ ᠢ᠋ ᠭᠡᠳ ᠦᠭᠡ ᠪᠡᠨ ᠳᠠᠭᠤᠰᠬᠠᠯ ᠦᠭᠡᠢ ᠬᠣᠭᠣᠯᠠᠢ ᠨᠢ ᠵᠠᠩᠭᠢᠷᠠᠵᠤ᠂ᠡᠪᠦᠭᠡ ᠡᠴᠢᠭᠡ ᠲᠠᠯ᠎ᠠ ᠨᠤᠲᠤᠭ ᠲᠠᠭᠠᠨ ᠪᠤᠴᠠᠨ ᠣᠴᠢᠭᠰᠠᠨ ᠤ᠋ ᠳᠠᠷᠠᠭ᠎ᠠ ᠲᠠᠩᠭᠤᠳ ᠢ᠋ ᠳᠠᠷᠤᠬᠤ ᠪᠠᠷ ᠪᠢᠳᠡᠨ ᠢ᠋ ᠳᠠᠭᠤᠳᠠᠭᠤᠯᠵᠤ᠂ ᠡᠴᠢᠭᠡ ᠮᠢᠨᠢ ᠡᠪᠡᠳᠴᠢᠨ ᠲᠡᠢ ᠲᠤᠯᠠ ᠬᠠᠭᠠᠨ ᠠᠪᠤ ᠳ᠋ᠠᠭᠠᠨ ᠣᠴᠢᠵᠤ ᠴᠢᠳᠠᠬᠤ ᠦᠭᠡᠢ ᠰᠢᠨᠠᠯᠵᠤ ᠪᠠᠢᠬᠤ ᠳ᠋ᠤ᠌ ᠪᠢ ᠳᠡᠷᠭᠡᠳᠡ ᠨᠢ ᠪᠠᠢᠭᠰᠠᠨ ᠪᠢᠯᠡ᠃ ᠲᠠᠯ᠎ᠠ ᠨᠤᠲᠤᠭ ᠡᠴᠡ ᠣᠯᠠᠨ ᠤᠳᠠᠭ᠎ᠠ ᠡᠯᠴᠢ ᠢᠷᠡᠭᠦᠯᠵᠦ᠂ ᠡᠴᠦᠰ ᠲᠦ᠍ ᠨᠢ ᠡᠴᠢᠭᠡ ᠶ᠋ᠢ ᠮᠢᠨᠢ ᠤᠷᠪᠠᠯ᠎ᠠ ᠭᠡᠵᠦ ᠣᠢᠯᠠᠭᠠᠨ ᠨᠠᠭᠠᠰᠢ ᠴᠡᠷᠢᠭᠯᠡᠨ ᠬᠥᠳᠡᠯᠵᠦ᠂ ᠪᠢᠳᠡᠨ ᠢ᠋ ᠳᠠᠷᠤᠬᠤ ᠭᠡᠵᠦ ᠪᠠᠢᠭᠰᠠᠨ ᠤᠳᠠᠭ᠎ᠠ ᠲᠠᠢ᠃ ᠬᠦᠦ ᠨᠢ ᠡᠴᠢᠭᠡ ᠡᠴᠡ ᠪᠡᠨ ᠤᠷᠪᠠᠨ᠎ᠠ ᠭᠡᠵᠦ ᠶᠠᠭᠤ ᠪᠠᠢᠬᠤ ᠰᠠᠨ ᠪᠢᠯᠡ᠃ ᠬᠠᠭᠠᠨ ᠠᠪᠤ ᠶ᠋ᠢ ᠪᠡᠨ ᠴᠡᠷᠢᠭᠯᠡᠨ ᠢᠷᠡᠬᠦ ᠡᠴᠡ ᠡᠮᠦᠨ᠎ᠡ ᠡᠪᠡᠳᠦᠭᠰᠡᠨ ᠡᠪᠡᠳᠴᠢᠨ ᠡᠴᠡ ᠪᠡᠨ ᠢᠯᠡᠭᠦᠦ ᠲᠡᠢ ᠰᠡᠳᠬᠢᠯ ᠳᠣᠲᠣᠷ᠎ᠠ ᠪᠠᠨ ᠠᠮᠢᠳᠤ ᠪᠠᠷ ᠢ᠋ᠶ᠋ᠠᠨ ᠦᠬᠦᠵᠦ ᠪᠠᠢᠭᠰᠠᠨ ᠠᠪᠤ ᠮᠢᠨᠢ ᠨᠢᠭᠡ ᠡᠳᠦᠷ ᠨᠠᠮᠠᠶ᠋ᠢ ᠳᠠᠭᠤᠳᠠᠭᠤᠯᠵᠠᠢ᠃ ᠦᠷᠭᠦᠭᠡᠨ ᠳ᠋ᠦ᠍ᠨᠢ ᠣᠷᠣᠬᠤ ᠳ᠋ᠤ᠌ ᠭᠠᠭᠴᠠᠭᠠᠷ ᠢ᠋ᠶ᠋ᠠᠨ ᠬᠡᠪᠲᠡᠵᠦ ᠪᠠᠢᠭᠰᠠᠨ ᠪᠢᠯᠡ ᠭᠡᠳ ᠰᠠᠨᠠᠭ᠎ᠠ ᠠᠯᠳᠠᠯ᠎ᠠ᠃
ᠥᠨᠳᠡᠢᠵᠦ ᠴᠦ᠍ ᠴᠢᠳᠠᠬᠤ ᠦᠭᠡᠢ ᠪᠠᠢᠭᠰᠠᠨ ᠮᠢᠨᠦ ᠠᠪᠤ ᠮᠢᠨᠢ ᠭᠠᠷ ᠲᠠᠭᠠᠨ ᠥᠷᠥᠭᠡᠰᠦᠨ ᠪᠣᠢᠲᠣᠭ ᠪᠠᠷᠢᠴᠢᠬᠠᠭᠰᠠᠨ ᠨᠠᠮᠠᠶ᠋ᠢ ᠨᠢᠯᠪᠤᠰᠤ ᠲᠠᠢ ᠨᠢᠳᠦ ᠪᠡᠷ ᠬᠠᠷᠠᠨ ᠤᠭᠲᠤᠭᠰᠠᠨ ᠶᠤᠮ᠃ ᠬᠦᠦ ᠪᠡᠨ ᠣᠷᠣᠵᠤ ᠢᠷᠡᠭᠰᠡᠨ ᠳ᠋ᠦ᠍ ᠠᠪᠤ ᠮᠢᠨᠢ ᠨᠢᠯᠪᠤᠰᠤ ᠪᠠᠨ ᠠᠷᠴᠢᠵᠤ᠂
ᠡᠨᠡ ᠴᠢᠨᠦ ᠡᠴᠢᠭᠡ ᠡᠴᠡ ᠪᠡᠨ ᠦᠵᠡᠭᠰᠡᠨ ᠡᠬᠢᠨ ᠦ᠌᠂ ᠪᠠᠰᠠ ᠰᠡᠭᠦᠯ ᠤ᠋ᠨ ᠨᠢᠯᠪᠤᠰᠤ ᠪᠠᠢᠭ ᠭᠡᠵᠦ ᠬᠡᠯᠡᠬᠦ ᠳ᠋ᠦ᠍ ᠪᠢ ᠤᠴᠢᠷ ᠢ᠋ᠶ᠋ᠠᠨ ᠣᠯᠬᠤ ᠦᠭᠡᠢ ᠪᠠᠢᠯ᠎ᠠ᠃ ᠰᠡᠳᠬᠢᠯ ᠰᠠᠨᠠᠭ᠎ᠠ ᠨᠢ ᠬᠦᠨᠳᠦ ᠪᠠᠢᠭᠰᠠᠨ ᠴᠤ᠌ ᠪᠠᠷᠤᠭ ᠲᠠᠢ ᠪᠣᠯ ᠤᠬᠢᠯᠠᠬᠤ ᠶ᠋ᠢ ᠪᠦᠦ ᠬᠡᠯᠡ᠂ ᠤᠶᠠᠷᠠᠬᠤ ᠨᠢ ᠴᠤ᠌ ᠬᠣᠪᠣᠷ ᠡᠴᠢᠭᠡ ᠮᠢᠨᠢ ᠭᠠᠷ ᠲᠠᠭᠠᠨ ᠪᠠᠷᠢᠭᠰᠠᠨ ᠪᠣᠢᠲᠣᠭ ᠢ᠋ ᠬᠠᠷᠠᠨ ᠤᠬᠢᠯᠠᠵᠤ ᠪᠠᠢᠭᠰᠠᠨ ᠢ᠋ ᠪᠢ ᠣᠢᠯᠠᠭᠠᠭᠰᠠᠨ ᠦᠭᠡᠢ᠃ ᠬᠠᠷᠢᠨ ᠲᠡᠷᠡ ᠴᠠᠭ ᠲᠤ᠌ ᠠᠪᠤ ᠳ᠋ᠤ᠌ ᠮᠢᠨᠢ ᠢᠷᠡᠭᠰᠡᠨ ᠨᠢᠯᠪᠤᠰᠤ ᠥᠨᠥ ᠨᠠᠳᠠ ᠳ᠋ᠤ᠌ ᠢᠷᠡᠵᠦ᠂ ᠡᠴᠢᠭᠡ ᠶ᠋ᠢᠨ ᠮᠢᠨᠢ ᠵᠢᠷᠦᠬᠡ ᠶ᠋ᠢ ᠵᠦᠰᠦᠭᠰᠡᠨ ᠭᠠᠰᠢᠭᠤᠨ ᠦᠨᠡᠨ ᠣᠳᠣ ᠮᠢᠨᠦ ᠵᠢᠷᠦᠬᠡ ᠶ᠋ᠢ ᠵᠦᠰᠦᠨ᠂ ᠬᠠᠴᠠᠷ ᠢ ᠳᠠᠭᠠᠨ ᠤᠷᠤᠰᠴᠤ ᠪᠠᠢᠭ᠎ᠠ ᠶ᠋ᠢ ᠪᠢ ᠮᠡᠳᠡᠷᠡᠵᠦ ᠪᠠᠢᠨ᠎ᠠ ᠭᠡᠵᠦ ᠬᠡᠯᠡᠯ᠎ᠡ᠃
ᠪᠡᠷᠬᠡ᠂ᠰᠦᠪᠡᠭᠡᠳᠡᠢ ᠬᠣᠶᠠᠷ ᠪᠠᠲᠤ ᠶ᠋ᠢᠨ ᠶᠠᠷᠢᠶ᠎ᠠ ᠶ᠋ᠢ ᠠᠩᠬᠠᠷᠤᠯ ᠲᠠᠢ ᠰᠣᠨᠣᠰᠤᠨ᠎ᠠ᠃ ᠪᠠᠲᠤ ᠶ᠋ᠢᠨ ᠬᠠᠴᠠᠷ ᠢ᠋ ᠳᠠᠭᠠᠨ ᠤᠷᠤᠰᠬᠤ ᠨᠢᠯᠪᠤᠰᠤ ᠥᠨᠥ ᠨᠢᠭᠡᠨᠲᠡ ᠡᠵᠡᠨ ᠳ᠋ᠡᠭᠡᠨ ᠵᠠᠬᠢᠷᠤᠭᠳᠠᠬᠤ ᠦᠭᠡᠢ ᠪᠣᠯᠵᠠᠢ᠃ ᠪᠠᠲᠤ ᠦᠷᠭᠦᠯᠵᠢᠯᠡᠭᠦᠯᠦᠨ᠂
— ᠠᠪᠤ ᠮᠢᠨᠢ ᠲᠡᠭᠡᠬᠦ ᠳ᠋ᠦ᠍《ᠥᠭᠡᠯᠦᠨ ᠡᠬᠡ ᠶ᠋ᠢ ᠪᠡᠨ ᠰᠠᠨᠠᠨ᠎ᠠ᠂ ᠪᠥᠷᠲᠡ ᠬᠠᠲᠤᠨ ᠡᠬᠡ ᠶ᠋ᠢ ᠪᠡᠨ ᠵᠡᠭᠦᠳᠦᠯᠡᠨ᠎ᠡ᠃ ᠲᠠᠯ᠎ᠠ ᠨᠤᠲᠤᠭ ᠲᠠᠭᠠᠨ ᠣᠴᠢᠬᠤ ᠶ᠋ᠢ ᠬᠦᠰᠡᠨ᠎ᠡ᠃ ᠭᠡᠪᠡᠴᠦ ᠨᠠᠳᠠ ᠳ᠋ᠤ᠌ ᠲᠠᠯ᠎ᠠ ᠨᠤᠲᠤᠭ ᠲᠤ᠌ ᠣᠴᠢᠬᠤ ᠡᠴᠡ ᠢᠯᠡᠭᠦᠦ᠂ ᠮᠥᠩᠬᠡ ᠲᠩᠷᠢ ᠳ᠋ᠦ᠍ ᠬᠦᠷᠬᠦ ᠨᠢ ᠣᠢᠷ᠎ᠠ ᠮᠡᠲᠦ ᠰᠠᠨᠠᠭᠳᠠᠬᠤ ᠪᠣᠯᠤᠯ᠎ᠠ》ᠭᠡᠳ ᠭᠠᠷ ᠲᠠᠭᠠᠨ ᠪᠠᠷᠢᠭᠰᠠᠨ ᠪᠣᠢᠲᠣᠭ ᠢ᠋ᠶ᠋ᠠᠨ ᠥᠭᠴᠦ᠂《ᠥᠭᠡᠯᠦᠨ ᠡᠬᠡ ᠨᠠᠮᠠᠶ᠋ᠢ ᠲᠥᠷᠥᠬᠦ ᠳ᠋ᠦ᠍ ᠡᠨᠡ ᠪᠣᠢᠲᠣᠭ ᠢ᠋ ᠣᠶᠣᠵᠤ ᠥᠭᠭᠦᠭᠰᠡᠨ ᠶᠤᠮ ᠭᠡᠨ᠎ᠡ ᠪᠢᠯᠡ᠃ ᠪᠠᠭ᠎ᠠ ᠳ᠋ᠠᠭᠠᠨ ᠡᠮᠦᠰᠴᠦ ᠪᠠᠢᠭᠰᠠᠨ ᠪᠣᠢᠲᠣᠭ ᠢ᠋ ᠪᠢ ᠶᠠᠭᠠᠬᠢᠵᠤ ᠰᠠᠨᠠᠬᠤ ᠪᠢᠯᠡ᠃ ᠨᠠᠭᠠᠰᠢ ᠭᠠᠷᠬᠤ ᠳ᠋ᠤ᠌ ᠲᠡᠷᠡ ᠨᠠᠳᠠ ᠳ᠋ᠤ᠌ ᠡᠭᠦᠨ ᠢ᠋ ᠥᠭᠴᠦ᠂《ᠥᠷᠥᠭᠡᠰᠦᠨ ᠢ᠋ ᠨᠢ ᠥᠪᠡᠷ ᠲᠡᠭᠡᠨ ᠦᠯᠡᠳᠡᠭᠡᠯ᠎ᠡ᠂ ᠡᠮᠡᠭᠡ ᠡᠬᠡ ᠨᠢ ᠬᠦᠦ ᠪᠡᠨ ᠰᠠᠨᠠᠬᠤ ᠳ᠋ᠠᠭᠠᠨ ᠳᠤᠷᠠᠰᠤᠨ ᠦᠨᠦᠷᠯᠡᠵᠦ ᠰᠠᠭᠤᠶ᠎ᠠ᠂ᠡᠷᠭᠢᠵᠦ ᠢᠷᠡᠭᠡᠳ ᠠᠪᠤᠭᠠᠷᠠᠢ 》ᠭᠡᠵᠦ ᠬᠡᠯᠡᠭᠡᠳ ᠦᠯᠡᠳᠡᠭᠡᠭᠰᠡᠨ ᠶᠤᠮ᠃ ᠡᠮᠡᠭᠡ ᠡᠬᠡ ᠮᠢᠨᠢ ᠨᠠᠳᠠ ᠲᠠᠢ ᠡᠷᠭᠢᠨ ᠠᠭᠤᠯᠵᠠᠨ᠎ᠠ ᠭᠡᠵᠦ ᠢᠲᠡᠭᠡᠵᠦ ᠪᠠᠢᠭᠰᠠᠨ ᠬᠡᠷᠡᠭ᠃ᠥᠭᠡᠯᠦᠨ ᠡᠬᠡ ᠮᠢᠨᠢ ᠮᠥᠩᠬᠡ ᠲᠩᠷᠢ ᠳ᠋ᠦ᠍ ᠣᠳᠤᠯ᠎ᠠ᠃ ᠪᠢ ᠲᠡᠭᠦᠨ ᠦ᠌ ᠠᠷᠤ ᠡᠴᠡ ᠤᠳᠠᠬᠤ ᠦᠭᠡᠢ ᠣᠴᠢᠵᠤ ᠠᠭᠤᠯᠵᠠᠬᠤ ᠶᠤᠮ ᠱᠢᠭ᠋ ᠰᠠᠨᠠᠭᠳᠠᠨ᠎ᠠ᠃ᠴᠠᠭᠠᠲᠠᠢ ᠳᠡᠭᠦᠦ ᠶ᠋ᠢᠨ ᠦᠭᠡ ᠥᠨᠥ ᠨᠠᠮᠠᠶ᠋ᠢ ᠠᠮᠢ ᠠᠮᠢᠰᠬᠤᠯ ᠡᠴᠡ ᠮᠢᠨᠢ ᠵᠢᠭᠤᠷᠠᠨ ᠪᠠᠢᠭ᠎ᠠ ᠴᠤ᠌ ᠥᠭᠡᠯᠦᠨ ᠡᠬᠡ ᠨᠠᠮᠠᠶ᠋ᠢ ᠠᠯᠲᠠᠨ ᠤᠷᠤᠭ ᠤ᠋ᠨ ᠬᠥᠮᠦᠨ ᠭᠡᠮᠡᠨ ᠵᠥᠪᠰᠢᠶᠡᠷᠡᠵᠦ ᠪᠠᠢᠭᠰᠠᠨ ᠤ᠋ ᠲᠡᠮᠳᠡᠭ᠂ ᠭᠠᠵᠠᠷ ᠳᠡᠭᠡᠷ᠎ᠡ ᠦᠯᠡᠳᠡᠭᠡᠬᠦ ᠦᠨᠡᠨ ᠦ᠌ ᠭᠡᠷᠡᠴᠢ ᠪᠣᠯᠤᠭᠰᠠᠨ ᠡᠨᠡ ᠪᠣᠢᠲᠣᠭ ᠤ᠋ᠨ ᠥᠷᠥᠭᠡᠰᠦᠨ ᠨᠢ ᠣᠳᠣ ᠬᠠᠮᠢᠭ᠎ᠠ ᠶᠠᠪᠤᠭ᠎ᠠ ᠶ᠋ᠢ ᠮᠡᠳᠡᠬᠦ ᠦᠭᠡᠢ ᠶᠤᠮ᠃ ᠡᠨᠡ ᠪᠣᠢᠲᠣᠭ ᠢ᠋ ᠬᠠᠷᠠᠬᠤ ᠲᠣᠰᠤᠮ ᠦᠷᠦ ᠵᠢᠷᠦᠬᠡ ᠮᠢᠨᠢ ᠦᠮᠦᠷᠴᠤ᠂ᠦᠨᠦᠷᠯᠡᠬᠦ ᠪᠦᠷᠢ ᠳ᠋ᠦ᠍ ᠥᠭᠡᠯᠦᠨ ᠡᠬᠡ ᠮᠢᠨᠢ ᠪᠣᠳᠣᠭᠳᠠᠬᠤ ᠶᠤᠮ 》ᠭᠡᠵᠦ ᠬᠡᠯᠡᠵᠦ ᠪᠢᠯᠡ᠃ᠲᠡᠷᠡ ᠦᠶ᠎ᠡ ᠳ᠋ᠦ᠍ ᠠᠪᠤ ᠮᠢᠨᠢ ᠳᠣᠲᠣᠷ᠎ᠠ ᠪᠠᠨ ᠶᠠᠭᠤ ᠪᠣᠳᠣᠵᠤ ᠶᠠᠭᠠᠬᠢᠵᠤ ᠰᠢᠨᠠᠯᠵᠤ ᠪᠠᠢᠭᠰᠠᠨ ᠢ᠋ ᠣᠳᠣ ᠯᠠ ᠪᠢ ᠣᠢᠯᠠᠭᠠᠵᠤ ᠪᠠᠢᠨ᠎ᠠ᠃ᠶᠡᠬᠡ ᠬᠠᠭᠠᠨ ᠤ᠋ ᠲᠣᠮᠣ ᠬᠦᠦ ᠪᠣᠯᠤᠨ ᠲᠥᠷᠥᠭᠰᠡᠨ ᠨᠢ ᠶᠡᠬᠡ ᠬᠤᠪᠢ ᠵᠠᠶᠠᠭ᠎ᠠ ᠴᠤ᠌ ᠠᠪᠤ ᠶ᠋ᠢᠨ ᠬᠦᠦ ᠪᠢᠰᠢ ᠭᠡᠳᠡᠭ ᠦᠨᠡᠨ ᠬᠤᠳᠠᠯ ᠨᠢ ᠮᠡᠳᠡᠭᠳᠡᠬᠦ ᠦᠭᠡᠢ ᠦᠭᠡ ᠶ᠋ᠢ ᠦᠷᠦ ᠪᠡᠨ ᠥᠮᠥᠯᠦᠨ ᠰᠣᠨᠣᠰᠴᠤ ᠢᠷᠡᠭᠰᠡᠨ ᠡᠴᠢᠭᠡ ᠮᠢᠨᠢ ᠶᠠᠮᠠᠷ ᠭᠠᠰᠢᠭᠤᠨ ᠦᠨᠡᠨ ᠢ᠋ ᠳᠣᠲᠣᠷ᠎ᠠ ᠪᠠᠨ ᠶᠡᠭᠦᠯᠡᠵᠦ ᠰᠠᠭᠤᠳᠠᠭ ᠪᠠᠢᠭᠰᠠᠨ ᠢ᠋ ᠣᠳᠣ ᠪᠢ ᠮᠡᠳᠡᠷᠡᠵᠦ ᠪᠠᠢᠨ᠎ᠠ᠃ ᠥᠭᠡᠯᠦᠨ ᠡᠬᠡ ᠡᠴᠢᠭᠡ ᠶ᠋ᠢ ᠮᠢᠨᠢ ᠵᠥᠪᠰᠢᠶᠡᠷᠡᠵᠦ ᠡᠨᠡ ᠪᠣᠢᠲᠣᠭ ᠢ᠋ ᠣᠶᠣᠵᠤ ᠦᠭᠭᠦᠭᠰᠡᠨ ᠠᠲᠠᠯ᠎ᠠ ᠥᠨᠥ ᠬᠢᠷᠢ ᠲᠡᠷᠡ ᠠᠶᠤᠮᠰᠢᠭᠲᠤ ᠦᠭᠡ ᠠᠯᠲᠠᠨ ᠤᠷᠤᠭ ᠤ᠋ᠨ ᠬᠢᠨ ᠦ᠌ ᠳᠣᠲᠣᠷ᠎ᠠ ᠬᠡᠰᠦᠭᠦᠴᠢᠯᠡᠭᠰᠡᠭᠡᠷ ᠶᠠᠪᠤᠨ᠎ᠠ ᠭᠡᠵᠦ ᠬᠡᠯᠡᠭᠡᠳ ᠴᠢᠮᠡᠭᠡ ᠦᠭᠡᠢ ᠪᠣᠯᠤᠯ᠎ᠠ᠃
ᠪᠡᠷᠬᠡ ᠰᠦᠪᠡᠭᠡᠳᠡᠢ ᠬᠣᠶᠠᠷ ᠪᠠᠲᠤ ᠶ᠋ᠢᠨ《ᠠᠶᠤᠮᠰᠢᠭᠲᠤ ᠦᠭᠡ 》ᠭᠡᠵᠦ ᠴᠣᠬᠣᠮ ᠶᠠᠭᠤ ᠶ᠋ᠢ ᠬᠡᠯᠡᠭᠡᠳ ᠪᠠᠢᠭ᠎ᠠ ᠶ᠋ᠢ ᠮᠡᠳᠡᠵᠦ ᠪᠠᠢᠪᠠ᠃ᠡᠨᠡ ᠪᠣᠯ ᠲᠡᠷᠡ ᠴᠠᠭ ᠲᠤ᠌ ᠵᠥᠴᠢ ᠶ᠋ᠢᠨ ᠳᠣᠲᠣᠷ᠎ᠠ ᠶ᠋ᠢ ᠬᠠᠷᠠᠯᠠᠭᠤᠯᠵᠤ᠂ᠡᠯᠢᠭᠡ ᠶ᠋ᠢ ᠡᠮᠲᠡᠯᠦᠨ ᠤᠷᠠᠵᠤ ᠪᠠᠢᠭᠰᠠᠨ᠂ ᠥᠨᠥ ᠪᠠᠲᠤ ᠶ᠋ᠢᠨ ᠡᠴᠢᠭᠡ ᠶ᠋ᠢ ᠪᠡᠨ ᠪᠣᠳᠣᠬᠤᠢ ᠳ᠋ᠤ᠌ ᠵᠢᠷᠦᠬᠡ ᠨᠢ ᠬᠥᠨᠳᠡᠭᠦᠷᠯᠡᠨ ᠪᠠᠢᠭ᠎ᠠ《ᠮᠡᠷᠭᠢᠳ ᠤ᠋ᠨ ᠣᠷᠬᠢᠳᠠᠰᠤ》ᠭᠡᠳᠡᠭ ᠦᠭᠡ ᠪᠢᠯᠡ᠃ᠡᠨᠡ ᠦᠭᠡ ᠶ᠋ᠢ ᠰᠣᠨᠣᠰᠤᠭᠠᠳ ᠪᠡᠷᠬᠡ ᠴᠦ᠍ ᠮᠥᠨ ᠠᠯᠠᠭᠠᠳᠠᠭᠤᠯᠤᠭᠰᠠᠨ ᠮᠡᠲᠦ ᠪᠣᠯᠵᠤ᠂ ᠰᠢᠷ᠎ᠠ ᠨᠢ ᠪᠤᠴᠠᠯᠳᠠᠭ ᠪᠠᠢᠪᠠ᠃ ᠪᠡᠷᠬᠡ᠄
—ᠠᠪᠤ ᠶ᠋ᠢᠨ ᠮᠢᠨᠢ ᠪᠣᠢᠲᠣᠭ ᠤ᠋ᠨ ᠥᠷᠥᠭᠡᠰᠦᠨ ᠢ᠋ ᠰᠤᠷᠬᠠᠭᠳᠠᠨᠢ ᠬᠠᠲᠤᠨ ᠬᠠᠳᠠᠭᠠᠯᠠᠵᠤ ᠪᠠᠢᠭᠰᠠᠨ ᠬᠡᠷᠡᠭ ᠤᠤ ᠭᠡᠵᠦ ᠬᠣᠭᠣᠯᠠᠢ ᠴᠡᠴᠡᠷᠡᠭᠦᠯᠦᠨ ᠠᠰᠠᠭᠤᠯ᠎ᠠ᠃ ᠪᠠᠲᠤ ᠬᠦᠨᠳᠦ ᠳᠤᠷᠠᠰᠤᠮᠵᠢ ᠡᠴᠡ ᠪᠠᠨ ᠰᠠᠯᠵᠤ ᠦᠯᠦ ᠴᠢᠳᠠᠨ ᠰᠠᠨᠠᠭ᠎ᠠ ᠠᠯᠳᠠᠭᠠᠳ᠂
— ᠲᠡᠷᠡ ᠡᠳᠦᠷ ᠡᠴᠡ ᠬᠣᠢᠰᠢ ᠲᠤᠩ ᠴᠤ᠌ ᠤᠳᠠᠯ ᠦᠭᠡᠢ ᠠᠪᠤ ᠮᠢᠨᠢ ᠮᠥᠩᠬᠡ ᠲᠩᠷᠢ ᠳ᠋ᠦ᠍ ᠪᠤᠴᠠᠵᠤ᠂ ᠥᠭᠡᠯᠦᠨ ᠡᠬᠡ ᠶ᠋ᠢᠨ ᠢ᠋ᠶ᠋ᠡᠨ ᠠᠷᠤ ᠡᠴᠡ ᠶᠠᠪᠤᠵᠤ ᠪᠢᠯᠡ ᠭᠡᠳ ᠬᠡᠰᠡᠭ ᠳᠠᠭᠤ ᠪᠠᠨ ᠬᠤᠷᠢᠶᠠᠪᠠ᠃ ᠬᠡᠳᠦᠨ ᠵᠢᠯ ᠤ᠋ᠨ ᠳᠠᠷᠠᠭ᠎ᠠ ᠶᠡᠬᠡ ᠬᠤᠷᠠᠯᠲᠠᠢ ᠶ᠋ᠢᠨ ᠦᠶ᠎ᠡ ᠪᠡᠷ ᠰᠤᠷᠬᠠᠭᠳᠠᠨᠢ ᠬᠠᠲᠤᠨ ᠲᠠᠢ ᠠᠭᠤᠯᠵᠠᠬᠤ ᠳ᠋ᠤ᠌ ᠲᠡᠷᠡ ᠥᠷᠥᠭᠡᠰᠦᠨ ᠪᠣᠢᠲᠣᠭ ᠢ᠋ ᠬᠠᠳᠠᠭᠠᠯᠠᠵᠤ ᠪᠠᠢᠭ᠎ᠠ ᠪᠠᠨ ᠬᠡᠯᠡᠵᠦ᠂《 ᠦᠭᠭᠦᠭᠰᠡᠨ ᠬᠥᠮᠦᠨ᠂ ᠦᠭᠭᠥᠭᠦᠯᠦᠭᠰᠡᠨ ᠡᠵᠡᠨ ᠠᠯᠢ ᠠᠯᠢ ᠨᠢ ᠮᠥᠩᠬᠡ ᠲᠩᠷᠢ ᠳ᠋ᠦ᠍ ᠣᠳᠤᠭᠰᠠᠨ ᠲᠤᠯᠠ ᠪᠢ ᠬᠠᠳᠠᠭᠠᠯᠠᠨ ᠰᠠᠭᠤᠭ᠎ᠠ᠃ ᠠᠮᠤᠷ ᠮᠡᠨᠳᠦ ᠠᠬᠢᠨ ᠠᠭᠤᠯᠵᠠᠬᠤ ᠠᠪᠠᠰᠤ ᠥᠷᠥᠭᠡᠰᠦᠨ ᠪᠣᠢᠲᠣᠭ ᠢ᠋ ᠥᠭᠭᠦᠶ᠎ᠡ》ᠭᠡᠵᠦ ᠬᠡᠯᠡᠭᠰᠡᠨ ᠶᠤᠮ ᠭᠡᠪᠡ᠃ ᠰᠦᠪᠡᠭᠡᠳᠡᠢ ᠪᠠᠭᠠᠲᠤᠷ᠄
— ᠰᠤᠷᠬᠠᠭᠳᠠᠨᠢ ᠬᠠᠲᠤᠨ ᠥᠨᠥ ᠥᠷᠥᠭᠡᠰᠦᠨ ᠪᠣᠢᠲᠣᠭ ᠢ᠋ ᠢᠯᠡᠭᠡᠭᠰᠡᠨ ᠪᠠᠢᠬᠤ ᠶ᠋ᠢ ᠦᠵᠡᠪᠡᠯ ᠲᠡᠷᠡ ᠪᠠᠲᠤ ᠬᠠᠭᠠᠨ ᠲᠠᠨ ᠢ᠋ ᠠᠯᠲᠠᠨ ᠤᠷᠤᠭ ᠤ᠋ᠨ ᠠᠬᠠᠮᠠᠳ ᠬᠥᠮᠦᠨ ᠭᠡᠳᠡᠭ ᠢ᠋ ᠨᠢ ᠰᠠᠨᠠᠭᠤᠯᠤᠨ ᠬᠡᠯᠡᠭᠰᠡᠨ ᠬᠡᠷᠡᠭ ᠪᠢᠵᠡ ᠭᠡᠬᠦ ᠳ᠋ᠦ᠍ ᠪᠠᠲᠤ ᠰᠢᠷᠡᠭᠡᠨ ᠳᠡᠭᠡᠷ᠎ᠡ ᠪᠠᠢᠭ᠎ᠠ ᠵᠠᠬᠢᠳᠠᠯ ᠢ᠋ ᠬᠠᠷᠠᠭᠠᠳ᠂
— ᠲᠡᠢᠮᠦ ᠠ᠋᠂ ᠲᠠᠨ ᠤ᠋ ᠵᠥᠪ᠂ ᠥᠭᠡᠯᠦᠨ ᠡᠬᠡ᠂ ᠪᠥᠷᠲᠡ ᠬᠠᠲᠤᠨ ᠡᠬᠡ ᠶ᠋ᠢ ᠣᠷᠣᠯᠠᠵᠤ ᠴᠢᠳᠠᠬᠤ ᠬᠥᠮᠦᠨ ᠪᠣᠯ ᠰᠤᠷᠬᠠᠭᠳᠠᠨᠢ ᠬᠠᠲᠤᠨ ᠶᠠᠭᠠᠬᠢᠬᠤ ᠠᠷᠭ᠎ᠠ ᠦᠭᠡᠢ ᠮᠥᠨ ᠭᠡᠵᠦ ᠬᠡᠯᠡᠯ᠎ᠡ
ᠪᠠᠯᠬᠠᠱ ᠨᠠᠭᠤᠷ ᠤ᠋ᠨ ᠡᠷᠭᠢ ᠳᠡᠭᠡᠷ᠎ᠡ ᠵᠤᠰᠠᠵᠤ ᠪᠠᠢᠭᠰᠠᠨ ᠤᠭᠤᠯ ᠬᠠᠢᠮᠢᠱ ᠶᠡᠬᠡ ᠬᠠᠲᠤᠨ ᠤ᠋ ᠦᠷᠭᠦᠭᠡᠨ ᠳ᠋ᠦ᠍ ᠨᠢᠭᠡᠨ ᠬᠥᠮᠦᠨ ᠢᠷᠡᠨ ᠮᠡᠨᠳᠦᠴᠢᠯᠡᠪᠡ᠃ ᠲᠡᠷᠡ ᠪᠡᠷ ᠬᠠᠲᠤᠨ ᠤ᠋ ᠡᠮᠦᠨ᠎ᠡ ᠠᠷᠢᠭᠤᠨ ᠡᠴᠢᠭᠡ ᠶ᠋ᠢᠨ ᠢ᠋ᠶ᠋ᠡᠨ ᠨᠡᠷ᠎ᠡ ᠶ᠋ᠢ ᠳᠠᠭᠤᠳᠠᠨ᠂ ᠵᠠᠭᠠᠯᠮᠠᠢᠳᠠᠨ ᠤ᠋ ᠶᠣᠰᠣ ᠪᠠᠷ ᠵᠠᠯᠪᠠᠷᠢᠯ ᠦᠢᠯᠡᠳᠦᠨ ᠬᠦᠨᠳᠦᠳᠬᠡᠯ ᠢᠯᠡᠷᠬᠡᠢᠯᠡᠭᠡᠳ᠂
— ᠶᠢᠷᠲᠢᠨᠴᠦ ᠶ᠋ᠢᠨ ᠡᠵᠡᠨ ᠦ᠌ ᠠᠷᠢᠭᠤᠨ ᠨᠡᠷ᠎ᠡ ᠶ᠋ᠢᠨ ᠡᠮᠦᠨ᠎ᠡ ᠡᠴᠡ ᠬᠠᠲᠤᠨ ᠲᠠᠨ ᠳ᠋ᠤ᠌ ᠬᠦᠨᠳᠦᠳᠬᠡᠯ ᠢᠯᠡᠷᠬᠡᠢᠯᠡᠬᠦ ᠶ᠋ᠢᠨ ᠢᠯᠳᠠᠮ ᠳ᠋ᠤ᠌ ᠲᠩᠷᠢ ᠳ᠋ᠦ᠍ ᠨᠢᠭᠡ ᠨᠠᠷᠠ ᠪᠠᠢᠳᠠᠭ ᠱᠢᠭ᠋ ᠂ ᠲᠡᠨᠳᠡ ᠭᠠᠭᠴᠠ ᠪᠤᠷᠬᠠᠨ ᠪᠠᠢᠳᠠᠭ ᠤ᠋ᠨ ᠤᠴᠢᠷ ᠲᠠᠨ ᠢ᠋ ᠵᠣᠷᠢᠨ ᠢᠷᠡᠭᠰᠡᠨ ᠬᠡᠷᠡᠭ ᠭᠡᠮᠡᠨ ᠬᠡᠯᠡᠭᠡᠳ ᠶᠡᠬᠡᠳᠡ ᠶᠣᠰᠣᠷᠬᠠᠨ ᠠᠭᠤᠯᠵᠠᠯ᠎ᠠ᠃ ᠡᠨᠡ ᠬᠥᠮᠦᠨ ᠪᠣᠯ ᠹᠷᠠᠨᠼᠢ ᠶ᠋ᠢᠨ ᠨᠠᠢ᠍ᠮᠠᠳᠤᠭᠠᠷ ᠯᠦᠶᠢᠰ ᠬᠠᠭᠠᠨ ᠤ᠋ ᠡᠯᠴᠢ ᠳ᠋ᠣ᠌ᠮᠢᠨᠢᠺᠠᠨ ᠬᠠᠷ᠎ᠠ ᠯᠠᠮᠠᠳᠠᠨ ᠯᠣᠩᠭᠥ᠋ᠮᠧᠦ᠌ᠨ ᠠᠨᠳ᠋ᠷᠸᠢ ᠪᠠᠢᠪᠠ᠃ ᠹᠷᠠᠨᠼᠢ ᠣᠷᠣᠨ᠂ ᠺᠠᠲ᠋ᠣᠯᠢᠭ ᠱᠠᠰᠢᠨᠲᠠᠨ ᠨᠤᠭᠤᠳ ᠬᠡᠵᠢᠶ᠎ᠡ ᠨᠢᠭᠡ ᠡᠳᠦᠷ ᠢᠷᠡᠬᠦ ᠮᠣᠩᠭᠣᠯᠴᠤᠳ ᠤ᠋ᠨ ᠳᠣᠪᠲᠣᠯᠭᠠᠨ ᠡᠴᠡ ᠠᠶᠤᠨ ᠮᠡᠭ᠌ᠳᠡᠵᠦ᠍ ᠪᠠᠢᠭᠰᠠᠨ ᠲᠤᠯᠠ ᠲᠡᠳᠡᠨ ᠲᠡᠢ ᠠᠮᠤᠷ ᠬᠢᠯᠪᠠᠷ ᠢ᠋ᠶ᠋ᠠᠷ ᠤᠴᠢᠷ ᠢ᠋ᠶ᠋ᠠᠨ ᠣᠯᠬᠤ ᠠᠷᠭ᠎ᠠ ᠶ᠋ᠢ ᠬᠠᠢᠨ ᠡᠴᠦᠰ ᠲᠤᠨᠢ ᠮᠣᠩᠭᠣᠯᠴᠤᠳ ᠳᠡᠯᠡᠬᠡᠢ ᠶ᠋ᠢᠨ ᠪᠦᠬᠦ ᠱᠠᠰᠢᠨ ᠢ᠋ ᠬᠦᠨᠳᠦᠳᠬᠡᠨ ᠦᠵᠡᠳᠡᠭ ᠤ᠋ᠨ ᠳᠡᠭᠡᠷ᠎ᠡ ᠥᠨᠥ ᠵᠠᠰᠠᠭ ᠪᠠᠷᠢᠵᠤ ᠪᠣᠢ ᠮᠣᠩᠭᠣᠯ ᠤ᠋ᠨ ᠶᠡᠬᠡ ᠬᠠᠲᠤᠨ ᠣᠭᠣᠯ ᠬᠠᠢᠮᠢᠱ ᠺᠠᠲ᠋ᠣᠯᠢᠭ ᠱᠠᠰᠢᠨᠲᠠᠨ ᠪᠣᠯᠬᠤ ᠶ᠋ᠢ ᠮᠡᠳᠡᠭᠰᠡᠨ ᠬᠡᠷᠡᠭ ᠪᠠᠢᠪᠠ᠃ ᠡᠳᠡᠨ ᠲᠡᠢ ᠰᠠᠢᠨ ᠬᠠᠷᠢᠯᠴᠠᠭ᠎ᠠ ᠲᠠᠢ ᠪᠣᠯᠬᠤ ᠳ᠋ᠤ᠌ ᠱᠠᠰᠢᠨ ᠰᠢᠲᠦᠯᠭᠡ ᠲᠡᠳᠡᠨ ᠳ᠋ᠦ᠍ ᠲᠤᠰᠠᠯᠠᠨ᠎ᠠ ᠭᠡᠮᠡᠨ ᠢᠲᠡᠭᠡᠵᠡᠢ᠃ ᠲᠡᠳᠡ ᠮᠣᠩᠭᠣᠯᠴᠤᠳ ᠲᠠᠢ ᠨᠢᠭᠡᠨ ᠱᠠᠰᠢᠨᠲᠤ ᠠᠬᠠᠨ ᠳᠡᠭᠦᠦᠰ ᠪᠣᠯᠬᠤ ᠶ᠋ᠢ ᠵᠣᠷᠢᠨ ᠮᠣᠩᠭᠣᠯᠴᠤᠳ ᠢ᠋ ᠥᠪᠡᠷ ᠤ᠋ᠨ ᠱᠠᠰᠢᠨ ᠳ᠋ᠠᠭᠠᠨ ᠣᠷᠣᠭᠤᠯᠬᠤ ᠪᠠᠷ ᠶᠣᠰᠣᠯᠠᠯ ᠦᠢᠯᠡᠳᠬᠦ ᠳ᠋ᠦ᠍ ᠬᠡᠷᠡᠭ ᠪᠣᠯᠬᠤ᠂ ᠱᠠᠰᠢᠨ ᠤ᠋ ᠵᠠᠩ ᠦᠢᠯᠡ ᠶ᠋ᠢᠨ ᠡᠳ᠋ ᠬᠡᠷᠡᠭᠰᠡᠯ᠂ ᠠᠰᠠᠷ ᠵᠡᠷᠭᠡ ᠶ᠋ᠢ ᠠᠪᠴᠢᠷᠠᠭᠰᠠᠨ ᠪᠠᠢᠪᠠ᠃
ᠭᠡᠪᠡᠴᠦ ᠯᠠᠮᠠᠳᠠᠨ ᠣᠭᠤᠯ ᠬᠠᠢᠮᠢᠱ ᠬᠠᠲᠤᠨ ᠤ᠋ ᠦᠷᠭᠦᠭᠡᠨ ᠳ᠋ᠦ᠍ ᠣᠷᠣᠭᠰᠠᠨ ᠬᠣᠢᠨ᠎ᠠ ᠪᠠᠨ ᠯᠠ ᠰᠠᠶᠢ ᠳᠠᠭᠵᠢᠨ ᠴᠡᠴᠡᠷᠡᠵᠦ ᠪᠠᠢᠭ᠎ᠠ ᠪᠠᠨ ᠮᠡᠳᠡᠪᠡ᠃ ᠲᠠᠯ᠎ᠠ ᠨᠤᠲᠤᠭ ᠤ᠋ᠨ ᠶᠡᠬᠡ ᠬᠠᠲᠤᠨ ᠤ᠋ ᠤᠷᠲᠤ ᠦᠷᠭᠦᠭᠡᠨ ᠳ᠋ᠦ᠍ ᠣᠢᠷᠠᠳᠬᠤ ᠲᠣᠰᠤᠮ ᠡᠨᠡ ᠠᠢᠳᠠᠰ ᠲᠥᠷᠥᠵᠦ ᠡᠬᠢᠯᠡᠭᠰᠡᠨ ᠪᠣᠯ ᠥᠨᠥ ᠤᠯᠠᠮ ᠪᠦᠷ ᠨᠡᠮᠡᠭᠳᠡᠵᠦ᠂ᠣᠳᠣ ᠥᠭᠡᠳᠡ ᠡᠴᠡ ᠨᠢ ᠬᠠᠷᠠᠨ ᠰᠠᠭᠤᠵᠤ ᠪᠠᠢᠭ᠎ᠠ ᠬᠠᠲᠤᠨ ᠤ᠋ ᠡᠮᠦᠨ᠎ᠡ ᠠᠢᠳᠠᠰ ᠡᠴᠡ ᠪᠠᠨ ᠪᠣᠯᠵᠤ ᠡᠪᠦᠳᠦᠭ ᠰᠥᠬᠥᠷᠡᠨ ᠰᠠᠭᠤᠬᠤ ᠳ᠋ᠤ᠌ ᠬᠦᠷᠴᠡᠢ᠃ ᠣᠷᠳᠣᠨ ᠤ᠋ ᠡᠭᠦᠳᠡ ᠪᠡᠷ ᠣᠷᠣᠵᠤ ᠢᠷᠡᠬᠦ ᠶ᠋ᠢᠨ ᠡᠮᠦᠨ᠎ᠡ ᠡᠵᠡᠨᠲᠦ ᠤᠯᠤᠰ ᠤ᠋ᠨ ᠰᠦᠷ ᠬᠦᠴᠦ ᠶ᠋ᠢ ᠬᠠᠷᠠᠵᠤ ᠮᠡᠳᠡᠷᠡᠨ᠂ ᠶᠡᠬᠡᠰ ᠳᠡᠭᠡᠳᠦᠰ ᠲᠦ᠍ ᠪᠠᠷᠠᠯᠬᠠᠬᠤ ᠣᠯᠠᠨ ᠬᠣᠨᠣᠭ ᠤ᠋ᠨ ᠵᠠᠩ ᠦᠢᠯᠡ ᠶ᠋ᠢ ᠭᠦᠢᠴᠡᠭᠡᠨ ᠪᠠᠷᠠᠵᠤ ᠪᠠᠢᠬᠤ ᠳ᠋ᠠᠭᠠᠨ ᠲᠡᠭᠦᠨ ᠦ᠌ ᠥᠪᠡᠷ ᠲᠡᠭᠡᠨ ᠢᠲᠡᠭᠡᠬᠦ ᠢᠲᠡᠭᠡᠯ ᠠᠯᠭᠤᠷ ᠠᠯᠭᠤᠷ ᠢ᠋ᠶ᠋ᠠᠷ ᠠᠯᠠᠭ᠎ᠠ ᠪᠣᠯᠤᠭᠰᠠᠭᠠᠷ ᠪᠠᠢᠭᠰᠠᠨ ᠬᠡᠷᠡᠭ᠃
ᠣᠷᠳᠣᠨ ᠤ᠋ ᠭᠠᠳᠠᠨ᠎ᠠ ᠶᠡᠬᠡ ᠬᠠᠲᠤᠨ ᠤ᠋ ᠰᠦᠷ ᠬᠦᠴᠦ ᠶ᠋ᠢ ᠢᠯᠡᠳᠬᠡᠬᠦ᠂ ᠤᠭᠤᠯ ᠬᠠᠢᠮᠢᠱ ᠬᠠᠲᠤᠨ ᠤ᠋ ᠭᠠᠷᠰᠢᠭᠤᠯᠤᠨ ᠲᠡᠵᠢᠭᠡᠭᠰᠡᠨ ᠴᠣᠬᠣᠷ ᠢᠷᠪᠢᠰ ᠤ᠋ᠨ ᠴᠣᠷᠭᠢᠭᠰᠠᠨ ᠨᠢᠳᠦᠨ ᠡᠴᠡ ᠲᠠᠯᠲᠠᠷᠢᠨ ᠠᠶᠤᠬᠤ ᠳ᠋ᠠᠭᠠᠨ ᠤᠬᠠᠭᠠᠨ ᠪᠠᠯᠠᠷᠳᠠᠬᠤ ᠰᠢᠬᠠᠭᠰᠠᠨ ᠪᠣᠯ ᠥᠨᠥ ᠦᠷᠭᠦᠭᠡᠨ ᠳ᠋ᠦ᠍ ᠣᠷᠣᠵᠤ ᠢᠷᠡᠭᠰᠡᠨ ᠬᠣᠢᠨ᠎ᠠ ᠪᠠᠨ ᠥᠪᠡᠷ ᠤ᠋ᠨ ᠨᠤᠲᠤᠭ ᠤ᠋ᠨ ᠬᠢᠨ ᠦ᠌ ᠡᠳ᠋ᠯᠡᠵᠦ ᠬᠡᠷᠡᠭᠯᠡᠬᠦ ᠶ᠋ᠢ ᠪᠤᠤ ᠬᠡᠯᠡ᠂ ᠰᠣᠨᠣᠰᠴᠤ ᠵᠡᠭᠦᠳᠦᠯᠡᠭᠡ ᠦᠭᠡᠢ ᠪᠦᠬᠦᠨ ᠪᠡᠶᠡᠯᠡᠯ ᠢ᠋ᠶ᠋ᠡᠨ ᠣᠯᠤᠭᠰᠠᠨ ᠢ᠋ ᠬᠠᠷᠠᠵᠠᠢ᠃ ᠫᠧᠷᠰ ᠤ᠋ᠨ ᠴᠣᠬᠣᠷ ᠬᠡᠪᠢᠰ ᠢ᠋ᠶ᠋ᠡᠷ ᠤᠷᠲᠤ ᠦᠷᠭᠦᠭᠡᠨ ᠦ᠌ ᠱᠠᠯᠠ ᠶ᠋ᠢ ᠪᠦᠷᠢᠵᠦ᠂ ᠰᠢᠷᠡᠼ ᠤ᠋ᠨ ᠰᠢᠭᠢᠳᠬᠡᠮᠡᠯ᠂ ᠠᠩ ᠤ᠋ᠨ ᠦᠰᠦ ᠪᠡᠷ ᠳᠣᠲᠣᠷ᠎ᠠ ᠲᠠᠯ᠎ᠠ ᠶ᠋ᠢ ᠨᠢ ᠲᠤᠵᠢ ᠳ᠋ᠤᠨᠢ ᠴᠢᠮᠡᠭᠯᠡᠵᠡᠢ᠃ ᠦᠷᠭᠦᠭᠡᠨ ᠦ᠌ ᠳᠣᠲᠣᠷ᠎ᠠ ᠡᠴᠡ ᠰᠢᠪᠠᠭᠤᠳ ᠤ᠋ᠨ ᠳᠠᠭᠤ ᠰᠣᠨᠣᠰᠤᠭᠳᠠᠵᠤ᠂ ᠤᠷᠢᠳ ᠬᠣᠵᠢᠳ ᠬᠠᠷᠠᠵᠤ ᠪᠠᠢᠭ᠎ᠠ ᠦᠭᠡᠢ ᠦᠨᠡᠲᠦ ᠴᠢᠯᠠᠭᠤ ᠪᠠᠷ ᠪᠦᠷᠢᠭᠰᠡᠨ ᠲᠠᠪᠢᠯᠭ᠎ᠠ ᠰᠡᠯᠲᠡ ᠥᠩᠭᠡ ᠬᠣᠷᠰᠢᠨ᠂ ᠨᠢᠳᠦ ᠠᠯᠳᠠᠮ᠎ᠠ ᠬᠠᠷᠠᠭᠳᠠᠨ᠎ᠠ᠃ ᠵᠥᠪᠬᠡᠨ ᠬᠠᠭᠠᠨ ᠬᠥᠮᠦᠨ ᠦ᠌ ᠬᠡᠷᠡᠭᠯᠡᠬᠦ ᠣᠭ᠌ᠶᠤ ᠨᠣᠭᠣᠭᠠᠨ ᠥᠩᠭᠡ ᠶ᠋ᠢᠨ ᠸᠠᠭᠠᠷ ᠢ᠋ ᠡᠩᠨᠡᠭᠦᠯᠦᠨ ᠥᠷᠥᠵᠢ᠃ ᠶᠡᠬᠡ ᠬᠠᠲᠤᠨ ᠤ᠋ ᠡᠳ᠋ᠯᠡᠵᠦ ᠬᠡᠷᠡᠭᠯᠡᠭᠰᠡᠨ ᠬᠤᠪᠴᠠᠰᠤ ᠵᠡᠭᠦᠰᠬᠡᠯ ᠂ ᠦᠨᠡᠲᠦ ᠡᠳ᠋ᠯᠡᠯ ᠤᠳ ᠢ᠋ ᠨᠢᠭᠡ ᠨᠢᠭᠡ ᠪᠡᠷ ᠨᠢ ᠨᠡᠷᠡᠯᠡᠭᠡᠳ ᠴᠤ᠌ ᠳᠠᠭᠤᠰᠤᠮᠠ ᠦᠭᠡᠢ ᠠᠭᠤᠤ ᠲᠡᠭᠦᠯᠳᠡᠷ ᠪᠣᠯᠬᠤ ᠶ᠋ᠢ ᠬᠠᠷᠠᠭᠰᠠᠨ ᠯᠠᠮᠠᠲᠠᠨ ᠳ᠋ᠤ᠌ ᠬᠡᠳᠦᠢᠨ ᠬᠠᠲᠤᠨ ᠳᠥᠴᠢ ᠳᠥᠭᠥᠭᠰᠡᠨ ᠭᠡᠪᠡᠴᠦ ᠨᠠᠰᠤᠨ ᠡᠴᠡ ᠪᠠᠨ ᠵᠠᠯᠠᠭᠤ ᠰᠠᠢᠬᠠᠨ ᠬᠠᠷᠠᠭᠳᠠᠬᠤ ᠠᠵᠢ᠃ ᠤᠭᠤᠯ ᠬᠠᠢᠮᠢᠱ ᠬᠠᠲᠤᠨ ᠡᠮᠦᠨ᠎ᠡ ᠪᠡᠨ ᠰᠦᠷᠳᠡᠨ ᠰᠠᠭᠤᠭᠰᠠᠨ ᠯᠠᠮᠠᠳᠠᠨ ᠳ᠋ᠤ᠌ ᠬᠠᠨᠳᠤᠨ᠂ᠵᠡᠭᠦᠰᠬᠡᠯ
— ᠨᠢᠭᠡᠨ ᠱᠠᠰᠢᠨᠲᠤ ᠬᠠᠷ᠎ᠠ ᠯᠠᠮᠠᠲᠠᠨ ᠲᠠᠨ ᠲᠠᠢ ᠠᠭᠤᠯᠵᠠᠨ ᠶᠠᠷᠢᠯᠴᠠᠬᠤ ᠪᠣᠯᠤᠮᠵᠢ ᠡᠨᠳᠡ ᠭᠠᠷᠬᠤ ᠶᠤᠮ ᠭᠡᠵᠦ ᠰᠠᠨᠠᠭᠰᠠᠨ ᠦᠭᠡᠢ ᠭᠡᠵᠦ ᠬᠡᠯᠡᠬᠦ ᠳ᠋ᠦ᠍ ᠠᠢᠳᠠᠰ ᠨᠢ ᠠᠷᠠᠢ ᠴᠠᠭᠠᠰᠢᠯᠠᠬᠤ ᠱᠢᠭ᠋ ᠪᠣᠯᠪᠠ᠃ ᠭᠡᠪᠡᠴᠦ ᠲᠠᠯ᠎ᠠ ᠨᠤᠲᠤᠭ ᠤ᠋ᠨ ᠵᠡᠷᠯᠢᠭ ᠤᠳ ᠭᠡᠵᠦ ᠶᠠᠷᠢᠭᠳᠠᠬᠤ ᠡᠨᠡ ᠬᠥᠮᠦᠰ ᠤ᠋ᠨ ᠪᠠᠢᠷᠢ ᠪᠠᠢᠳᠠᠯ ᠭᠠᠵᠠᠷ ᠳᠡᠭᠡᠷ᠎ᠡ ᠪᠡᠨ ᠳᠡᠰ ᠥᠭᠡᠷ᠎ᠡ ᠪᠠᠢᠭ᠎ᠠ ᠶ᠋ᠢ ᠬᠠᠷᠠᠭᠰᠠᠨ ᠯᠠᠮᠠᠳᠠᠨ ᠢᠷᠡᠭᠰᠡᠨ ᠵᠣᠷᠢᠯᠭ᠎ᠠ᠂ ᠬᠦᠰᠡᠯ ᠢ᠋ᠶ᠋ᠡᠨ ᠬᠡᠯᠡᠬᠦ ᠡᠴᠡ ᠡᠮᠢᠶᠡᠵᠦ ᠪᠠᠢᠯ᠎ᠠ᠃ ᠲᠡᠭᠦᠨ ᠳ᠋ᠦ᠍ ᠡᠭᠦᠷᠭᠡ ᠥᠭᠭᠦᠨ ᠶᠠᠪᠤᠭᠤᠯᠤᠭᠰᠠᠨ ᠥᠪᠡᠷ ᠤ᠋ᠨ ᠡᠵᠡᠨ ᠬᠠᠭᠠᠨ᠂ ᠱᠠᠰᠢᠨ ᠤ᠋ ᠲᠡᠷᠢᠭᠦᠨ ᠦ᠌ ᠡᠮᠦᠨ᠎ᠡ ᠡᠴᠡ ᠦᠭᠡ ᠪᠡᠨ ᠬᠡᠯᠡᠬᠦ ᠶᠣᠰᠣ ᠲᠠᠢ ᠪᠣᠯᠪᠠ᠃
— ᠬᠠᠲᠤᠨᠲᠠᠨ ᠲᠠᠨ ᠤ᠋ ᠰᠦᠷ ᠬᠦᠴᠦ᠂ ᠣᠶᠤᠨ ᠤᠬᠠᠭᠠᠨ ᠢ᠋ ᠥᠪᠡᠷ ᠤ᠋ᠨ ᠨᠤᠲᠤᠭ ᠲᠠᠭᠠᠨ ᠰᠣᠨᠣᠰᠴᠤ ᠳᠣᠭᠣᠯᠤᠭᠰᠠᠭᠠᠷ ᠢᠷᠡᠭᠰᠡᠨ᠃ ᠥᠨᠥ ᠥᠪᠡᠷ ᠤ᠋ᠨ ᠡᠵᠡᠨ ᠬᠠᠭᠠᠨ᠂ ᠱᠠᠰᠢᠨ ᠤ᠋ ᠲᠡᠷᠢᠭᠦᠨ ᠡᠴᠡ ᠪᠡᠨ ᠡᠭᠦᠷᠭᠡ ᠠᠪᠤᠨ ᠢᠷᠡᠭᠰᠡᠨ ᠵᠣᠷᠢᠯᠭ᠎ᠠ ᠪᠠᠨ ᠬᠡᠯᠡᠶ᠎ᠡ ᠬᠡᠮᠡᠬᠦ ᠳ᠋ᠦ᠍ ᠬᠣᠭᠣᠯᠠᠢ ᠨᠢ ᠴᠡᠴᠡᠷᠡᠨ᠎ᠡ᠃ ᠯᠠᠮᠠᠳᠠᠨ ᠦᠷᠭᠦᠯᠵᠢᠯᠡᠭᠦᠯᠦᠨ᠂
— ᠲᠠ ᠪᠢᠳᠡ ᠨᠢᠭᠡᠨ ᠱᠠᠰᠢᠨᠲᠤ ᠠᠬᠠᠨ ᠳᠡᠭᠦᠦᠰ᠃ ᠲᠩᠷᠢ ᠳ᠋ᠦ᠍ ᠨᠢᠭᠡ ᠨᠠᠷᠠ ᠪᠠᠢᠭ᠎ᠠ ᠱᠢᠭ᠋ ᠲᠡᠨᠳᠡ ᠨᠢᠭᠡ ᠪᠤᠷᠬᠠᠨ ᠪᠠᠢᠳᠠᠭ ᠭᠡᠳᠡᠭ ᠲᠦ᠍ ᠲᠠ ᠪᠢᠳᠡ ᠬᠣᠶᠠᠷ᠂ ᠬᠣᠶᠠᠭᠤᠯᠠ ᠪᠠᠨ ᠢᠲᠡᠭᠡᠳᠡᠭ᠃ ᠲᠡᠢᠮᠦ ᠡᠴᠡ ᠲᠠ ᠶᠡᠬᠡ ᠬᠠᠲᠤᠨ ᠤ᠋ ᠬᠤᠪᠢ ᠪᠠᠷ ᠲᠠᠯ᠎ᠠ ᠨᠤᠲᠤᠭ ᠤ᠋ᠨ ᠮᠣᠩᠭᠣᠯᠴᠤᠳ ᠢ᠋ᠶ᠋ᠠᠨ ᠥᠪᠡᠷ ᠤ᠋ᠨ ᠱᠠᠰᠢᠨ ᠳ᠋ᠤ᠌ ᠣᠷᠣᠭᠤᠯᠪᠠᠯ ᠠᠷᠢᠭᠤᠨ ᠡᠴᠢᠭᠡ ᠶ᠋ᠢᠨ ᠡᠮᠦᠨ᠎ᠡ ᠠᠮᠤᠷ ᠵᠢᠮᠦᠷ ᠠᠮᠢᠳᠤᠷᠠᠬᠤ ᠰᠠᠢᠬᠠᠨ ᠴᠠᠭ ᠢᠷᠡᠬᠦ ᠪᠤᠰᠤ ᠤᠤ᠃ ᠲᠡᠢᠮᠦ ᠡᠴᠡ ᠪᠢᠳᠡ ᠲᠠ ᠪᠦᠬᠦᠨ ᠢ᠋ ᠥᠪᠡᠷ ᠤ᠋ᠨ ᠱᠠᠰᠢᠨ ᠳ᠋ᠠᠭᠠᠨ ᠣᠷᠣᠭᠤᠯᠬᠤ ᠠᠷᠢᠭᠤᠨ ᠵᠣᠷᠢᠯᠭ᠎ᠠ ᠡᠪᠦᠷᠯᠡᠨ ᠢᠷᠡᠯ᠎ᠡ᠃ ᠡᠨᠡ ᠵᠠᠩ ᠦᠢᠯᠡ ᠶ᠋ᠢ ᠭᠦᠢᠴᠡᠯᠳᠦᠭᠦᠯᠬᠦ ᠡᠳ᠋ ᠵᠦᠢᠯ ᠢ᠋ ᠬᠠᠮᠲᠤ ᠠᠪᠴᠤ ᠢᠷᠡᠭᠰᠡᠨ ᠲᠤᠯᠠ ᠶᠣᠰᠣ ᠶ᠋ᠢ ᠭᠠᠵᠠᠷ ᠳᠡᠭᠡᠷ᠎ᠡ ᠨᠢ ᠦᠢᠯᠡᠳᠴᠦ ᠪᠣᠯᠤᠨ᠎ᠠ ᠭᠡᠮᠡᠨ ᠠᠷᠠᠢ ᠭᠡᠵᠦ ᠬᠡᠯᠡᠪᠡ᠃ ᠡᠨᠡ ᠦᠭᠡ ᠶ᠋ᠢ ᠰᠣᠨᠣᠰᠤᠭᠰᠠᠨ ᠤᠭᠤᠯ ᠬᠠᠢᠮᠢᠱ ᠬᠠᠲᠤᠨ ᠶᠠᠭᠤᠮ᠎ᠠ ᠬᠡᠯᠡᠭᠰᠡᠨ ᠦᠭᠡᠢ᠃
ᠴᠢᠮᠡᠭᠡ ᠦᠭᠡᠢ ᠪᠠᠢᠬᠤ ᠨᠢ ᠦᠭᠡ ᠬᠡᠯᠡᠭᠰᠡᠨ ᠡᠴᠡ ᠢᠯᠡᠭᠦᠦ ᠠᠢᠳᠠᠰ ᠲᠥᠷᠥᠭᠦᠯᠳᠡᠭ ᠪᠣᠯᠬᠤ ᠶ᠋ᠢ ᠯᠠᠮᠠᠳᠠᠨ ᠠᠩᠵᠠᠭᠠᠷᠠᠪᠠ᠃ ᠳᠣᠲᠣᠷ᠎ᠠ ᠬᠤᠷᠠᠭᠠᠬᠤ ᠠᠢᠳᠠᠰ ᠥᠨᠥ ᠲᠦᠭᠰᠢᠭᠦᠷᠢ ᠪᠡᠷ ᠰᠣᠯᠢᠭᠳᠠᠵᠤ ᠵᠢᠷᠦᠬᠡ ᠨᠢ ᠯᠦᠭ ᠯᠦᠭ ᠬᠢᠨ ᠴᠣᠬᠢᠯᠠᠵᠤ ᠪᠠᠢᠯ᠎ᠠ᠃ ᠠᠰᠢᠭᠦᠢ ᠬᠠᠲᠤᠨ ᠠᠮᠠ ᠨᠡᠭᠡᠭᠡᠨ᠂
— ᠡᠩᠬᠡ ᠠᠮᠤᠭᠤᠯᠠᠩ ᠠᠮᠢᠳᠤᠷᠠᠬᠤ ᠰᠠᠢᠬᠠᠨ᠂ ᠳᠥᠷᠪᠡᠨ ᠬᠥᠯᠲᠡᠨ ᠪᠡᠯᠴᠢᠭᠡᠷ ᠲᠡᠭᠡᠨ ᠲᠠᠪᠠ ᠪᠠᠷ ᠢᠳᠡᠭᠡᠰᠢᠯᠡᠨ᠂ ᠬᠣᠶᠠᠷ ᠬᠥᠯᠲᠡᠨ ᠨᠢ ᠰᠠᠢᠨ ᠰᠠᠢᠬᠠᠨ ᠵᠦᠢᠯ ᠪᠦᠲᠦᠭᠡᠨ᠎ᠡ ᠭᠡᠵᠦ ᠬᠡᠯᠡᠯ᠎ᠡ᠃ ᠠᠨᠳ᠌ᠷᠸᠢ ᠦᠨᠡᠨ ᠳ᠋ᠡᠭᠡᠨ ᠬᠠᠲᠤᠨ ᠤ᠋ ᠬᠡᠯᠡᠭᠰᠡᠨ ᠦᠭᠡ ᠶ᠋ᠢ ᠤᠬᠠᠵᠤ ᠰᠠᠢᠨ ᠣᠢᠯᠠᠭᠠᠭ᠎ᠠ ᠦᠭᠡᠢ ᠲᠤᠯᠠ ᠬᠡᠰᠡᠭ ᠲᠡᠭᠡᠨᠡᠭᠡᠯᠵᠡᠪᠡ᠃ ᠤᠭᠤᠯ ᠬᠠᠢᠮᠢᠱ ᠶᠠᠷᠢᠶ᠎ᠠ ᠪᠠᠨ ᠦᠷᠭᠦᠯᠵᠢᠯᠡᠭᠦᠯᠦᠨ᠂
— ᠬᠡᠳᠦᠢ ᠪᠢ ᠺᠠᠲ᠋ᠣᠯᠢᠭ ᠱᠠᠰᠢᠨᠲᠠᠨ ᠴᠤ᠌ ᠨᠡᠢᠲᠡ ᠮᠣᠩᠭᠣᠯᠴᠤᠳ ᠢ᠋ ᠥᠪᠡᠷ ᠤ᠋ᠨ ᠱᠠᠰᠢᠨ ᠢ᠋ᠶ᠋ᠠᠷ ᠳᠠᠭᠠᠭᠤᠯᠤᠨ᠎ᠠ ᠭᠡᠵᠦ ᠪᠠᠢᠬᠤ ᠦᠭᠡᠢ᠂ ᠪᠢᠳᠡᠨ ᠦ᠌ ᠴᠡᠷᠢᠭ ᠤᠳ ᠲᠩᠷᠢ ᠳ᠋ᠦ᠍ ᠲᠡᠳᠬᠦᠭᠳᠡᠨ᠂ ᠺᠠᠲ᠋ᠣᠯᠢᠭ ᠱᠠᠰᠢᠨᠲᠤ ᠣᠯᠠᠨ ᠬᠣᠲᠠ ᠶ᠋ᠢ ᠡᠵᠡᠯᠡᠨ ᠠᠪᠴᠤ᠂ ᠣᠯᠠᠨ ᠬᠥᠮᠦᠨ ᠢ᠋ ᠥᠪᠡᠷ ᠲᠡᠭᠡᠨ ᠨᠢᠭᠡᠳᠬᠡᠭᠰᠡᠨ ᠴᠤ᠌ ᠪᠢᠳᠡ ᠨᠢᠭᠡ ᠴᠤ᠌ ᠠᠷᠠᠳ ᠲᠦᠮᠡᠨ ᠢ᠋ ᠥᠪᠡᠷ ᠤ᠋ᠨ ᠱᠠᠰᠢᠨ ᠳ᠋ᠠᠭᠠᠨ ᠣᠷᠣᠭᠤᠯᠵᠤ ᠪᠠᠢᠭᠰᠠᠨ ᠤᠳᠠᠭ᠎ᠠ ᠦᠭᠡᠢ᠃ ᠥᠨᠥ ᠲᠠ ᠨᠠᠷ ᠪᠢᠳᠡᠨ ᠲᠡᠢ ᠬᠠᠷᠢᠴᠠᠭᠤᠯᠬᠤ ᠳ᠋ᠤ᠌ ᠶᠠᠭᠤ ᠬᠢᠭᠰᠡᠨ ᠭᠡᠵᠦ ᠪᠢᠳᠡᠨ ᠳ᠋ᠦ᠍ ᠥᠪᠡᠷ ᠤ᠋ᠨ ᠱᠠᠰᠢᠨ ᠢ᠋ ᠲᠤᠯᠭᠠᠬᠤ ᠪᠠᠷ ᠢᠷᠡᠪᠡ᠃ ᠪᠢᠳᠡᠨ ᠲᠡᠢ ᠨᠢᠭᠡᠳᠬᠦ ᠶ᠋ᠢᠨ ᠲᠤᠯᠠᠳᠠ ᠡᠢᠮᠦ ᠥᠴᠦᠬᠡᠨ ᠵᠣᠷᠢᠯᠭ᠎ᠠ ᠠᠭᠤᠯᠵᠤ ᠢᠷᠡᠬᠦ ᠶ᠋ᠢᠨ ᠣᠷᠣᠨ ᠳ᠋ᠤ᠌ ᠲᠠᠨ ᠤ᠋ ᠣᠷᠣᠨ ᠳ᠋ᠤ᠌ ᠳᠠᠭᠠᠷᠢᠨ ᠣᠷᠣᠭ᠎ᠠ ᠦᠭᠡᠢ ᠮᠣᠩᠭᠣᠯ ᠤ᠋ᠨ ᠴᠡᠷᠢᠭ ᠤᠳ ᠤ᠋ᠨ ᠲᠥᠯᠥᠭᠡ ᠮᠥᠩᠬᠡ ᠲᠩᠷᠢ ᠳ᠋ᠦ᠍ ᠪᠠᠶᠠᠷᠯᠠᠵᠤ ᠶᠠᠪᠤ᠃ ᠲᠠ ᠨᠠᠷ ᠡᠨᠡ ᠮᠡᠲᠦ ᠵᠠᠮ ᠢ᠋ᠶ᠋ᠠᠷ ᠪᠢᠳᠡᠨ ᠲᠡᠢ ᠨᠠᠢᠷᠠᠮᠳᠠᠬᠤ ᠪᠤᠰᠤ ᠬᠠᠷᠢᠨ ᠥᠪᠡᠷ ᠲᠦ᠍ ᠪᠠᠢᠭ᠎ᠠ ᠡᠳ᠋ ᠪᠠᠶᠠᠯᠢᠭ ᠡᠴᠡ ᠬᠠᠩᠭᠠᠯᠲᠠ ᠲᠠᠢ ᠶᠡᠬᠡ ᠪᠡᠷ ᠶᠠᠪᠤᠭᠤᠯᠪᠠᠯ ᠲᠩᠷᠢ ᠶ᠋ᠢᠨ ᠲᠠᠭᠠᠯᠠᠯ ᠳ᠋ᠤ᠌ ᠢᠷᠡᠯ᠎ᠡ ᠭᠡᠮᠡᠨ ᠦᠵᠡᠵᠦ ᠲᠠᠨ ᠤ᠋ ᠣᠷᠣᠨ ᠢ᠋ ᠲᠠᠢᠪᠤᠩ ᠣᠷᠬᠢᠨ᠎ᠠ ᠭᠡᠪᠡ᠃
ᠯᠠᠮᠠᠳᠠᠨ ᠬᠠᠲᠤᠨ ᠤ᠋ ᠬᠡᠯᠡᠭᠰᠡᠨ ᠦᠭᠡ ᠶ᠋ᠢ ᠰᠣᠨᠣᠰᠤᠭᠰᠠᠨ ᠤ᠋ ᠳᠠᠷᠠᠭ᠎ᠠ ᠲᠣᠯᠣᠭᠠᠢ ᠪᠠᠨ ᠳᠡᠭᠡᠭᠰᠢ ᠥᠨᠳᠡᠢᠯᠭᠡᠵᠦ ᠴᠢᠳᠠᠭᠰᠠᠨ ᠦᠭᠡᠢ᠂ ᠲᠡᠷᠡ ᠡᠴᠢᠭᠡ ᠳ᠋ᠡᠭᠡᠨ ᠵᠠᠩᠨᠠᠭᠤᠯᠤᠭᠰᠠᠨ ᠬᠡᠦᠬᠡᠳ ᠡᠴᠡ ᠳᠣᠣᠷ᠎ᠠ ᠪᠣᠯᠵᠠᠢ᠃ ᠬᠠᠲᠤᠨ ᠤ᠋ ᠬᠡᠯᠡᠵᠦ ᠪᠠᠢᠭ᠎ᠠ ᠦᠭᠡᠰ ᠡᠮ᠎ᠡ ᠬᠥᠮᠦᠨ ᠡᠴᠡ ᠭᠠᠷᠬᠤ ᠪᠠᠷ ᠦᠭᠡᠢ ᠠᠢᠳᠠᠰ ᠲᠠᠢ ᠮᠡᠲᠦ ᠰᠠᠨᠠᠭᠳᠠᠬᠤ ᠨᠢ ᠲᠡᠷᠡ ᠥᠪᠡᠷ ᠢ᠋ᠶ᠋ᠡᠨ ᠪᠢᠰᠢ᠂ ᠲᠩᠷᠢ ᠡᠨᠡ ᠬᠠᠲᠤᠨ ᠢ᠋ᠶ᠋ᠠᠷ ᠳᠠᠮᠵᠢᠭᠤᠯᠤᠨ
ᠯᠠᠮᠠᠲᠠᠨ ᠳ᠋ᠤ᠌ ᠦᠭᠡ ᠬᠡᠯᠡᠵᠦ ᠪᠠᠢᠬᠤ ᠱᠢᠭ᠋ ᠪᠣᠳᠣᠭᠳᠠᠨ᠎ᠠ᠃ ᠣᠭᠣᠯ ᠬᠠᠢᠮᠢᠱ᠄
— ᠬᠠᠭᠠᠨ ᠡᠵᠡᠨ ᠦ᠌ ᠪᠡᠨ ᠨᠡᠷ᠎ᠡ ᠶ᠋ᠢ ᠬᠡᠯᠡ ᠭᠡᠪᠡ᠃ ᠯᠠᠮᠠᠳᠠᠨ ᠡᠨᠡ ᠦᠶ᠎ᠡ ᠳ᠋ᠦ᠍ ᠤᠯᠠᠮ ᠳᠠᠭᠵᠢᠨ ᠴᠡᠴᠡᠷᠡᠵᠦ᠂
— ᠹᠷᠠᠨᠼᠢ ᠶ᠋ᠢᠨ ᠨᠠᠢ᠍ᠮᠠᠳᠤᠭᠠᠷ ᠬᠠᠭᠠᠨ ᠯᠦᠶᠢᠰ ᠭᠡᠮᠡᠨ ᠠᠷᠠᠢᠬᠢᠨ ᠬᠡᠯᠡᠪᠡ᠃ ᠣᠭᠣᠯ ᠬᠠᠢᠮᠢᠱ ᠬᠠᠲᠤᠨ ᠣᠯᠠᠨ ᠲᠦᠰᠢᠮᠡᠳ ᠤ᠋ᠨ ᠳᠤᠮᠳᠠ ᠡᠴᠡ ᠪᠢᠴᠢᠭ ᠤ᠋ᠨ ᠲᠦᠰᠢᠮᠡᠯ ᠢ᠋ ᠳᠠᠭᠤᠳᠠᠨ ᠢᠷᠡᠭᠦᠯᠵᠦ᠂
— ᠡᠨᠡ ᠤᠯᠤᠰ ᠤ᠋ᠨ ᠬᠠᠭᠠᠨ ᠳ᠋ᠤ᠌ ᠵᠠᠬᠢᠳᠠᠯ ᠢᠯᠡᠭᠡ᠃
ᠮᠥᠩᠬᠡ ᠲᠩᠷᠢ ᠨᠠᠳᠠ ᠳ᠋ᠤ᠌ ᠲᠠᠨ ᠤ᠋ ᠣᠷᠣᠨ ᠢ᠋ ᠵᠠᠬᠢᠷᠤᠭᠤᠯᠬᠤ ᠶ᠋ᠢ ᠬᠦᠰᠡᠵᠦ ᠪᠠᠢᠨ᠎ᠠ᠃ ᠬᠡᠷᠪᠡ ᠵᠥᠪᠰᠢᠶᠡᠷᠡᠪᠡᠯ ᠴᠢᠮᠠᠶ᠋ᠢ ᠬᠠᠭᠠᠨ ᠰᠠᠭᠤᠳᠠᠯ ᠳ᠋ᠤ᠌ ᠴᠢᠨᠢ ᠦᠯᠡᠳᠡᠭᠡᠨ᠎ᠡ ᠭᠡᠵᠦ ᠪᠢᠴᠢ ᠬᠡᠮᠡᠪᠡ᠃
ᠲᠤᠩ ᠤᠳᠠᠯ ᠦᠭᠡᠢ ᠭᠠᠷ ᠲᠠᠭᠠᠨ ᠵᠠᠬᠢᠳᠠᠯ ᠪᠠᠷᠢᠭᠰᠠᠭᠠᠷ ᠬᠠᠲᠤᠨ ᠤ᠋ ᠦᠷᠭᠦᠭᠡᠨ ᠡᠴᠡ ᠭᠠᠷᠤᠭᠰᠠᠨ ᠯᠠᠮᠠᠳᠠᠨ ᠥᠪᠡᠷ ᠤ᠋ᠨ ᠬᠥᠮᠦᠰ᠂ ᠠᠪᠴᠤ ᠢᠷᠡᠭᠰᠡᠨ ᠡᠳ᠋ ᠵᠦᠢᠯᠡᠰ ᠢ᠋ᠶ᠋ᠡᠨ ᠠᠪᠤᠨ ᠰᠡᠩᠳᠡ ᠮᠡᠩᠳᠡ ᠨᠤᠲᠤᠭ ᠪᠤᠴᠠᠯ᠎ᠠ᠃ ᠠᠰᠠᠭᠰᠠᠨ ᠭᠠᠯ ᠤ᠋ᠨ ᠳᠤᠮᠳᠠ ᠡᠴᠡ ᠡᠰᠡᠨ ᠮᠡᠨᠳᠦ ᠭᠠᠷᠴᠤ ᠢᠷᠡᠭᠰᠡᠨ ᠬᠥᠮᠦᠨ ᠰᠠᠶᠢ ᠤᠬᠠᠭᠠᠨ ᠰᠠᠨᠠᠭ᠎ᠠ ᠨᠢ ᠪᠦᠷᠢᠨ ᠣᠷᠣᠵᠤ᠂ ᠠᠷᠤ ᠳ᠋ᠤ᠌ ᠦᠯᠡᠳᠡᠭᠰᠡᠨ ᠠᠢᠳᠠᠰ ᠢ᠋ ᠡᠷᠭᠢᠴᠡᠭᠦᠯᠦᠨ ᠪᠣᠳᠣᠳᠠᠭ ᠱᠢᠭ᠋ ᠬᠡᠳᠦᠨ ᠠᠭᠤᠯᠠ ᠶ᠋ᠢᠨ ᠴᠠᠭᠠᠭᠤᠷ ᠳᠠᠪᠠᠨ ᠶᠠᠪᠤᠭᠰᠠᠨ ᠤ᠋ ᠳᠠᠷᠠᠭ᠎ᠠ ᠠᠷᠠᠢ ᠭᠡᠵᠦ ᠠᠮᠢᠰᠬᠤᠯ ᠢ᠋ᠶ᠋ᠠᠨ ᠪᠦᠷᠢᠨ ᠠᠪᠬᠤ ᠲᠠᠢ ᠪᠠᠨ ᠪᠣᠯᠤᠯ᠎ᠠ᠃ ᠭᠡᠪᠡᠴᠦ ᠠᠷᠤ ᠡᠴᠡ ᠨᠢ ᠨᠡᠬᠡᠨ ᠢᠷᠡᠵᠦ ᠪᠣᠯᠵᠣᠰᠢ ᠦᠭᠡᠢ ᠮᠣᠩᠭᠣᠯᠴᠤᠳ ᠡᠴᠡ ᠠᠶᠤᠬᠤ ᠠᠢᠳᠠᠰ ᠪᠦᠷᠢᠨ ᠠᠷᠢᠯᠤᠭ᠎ᠠ ᠦᠭᠡᠢ ᠪᠠᠢᠪᠠ᠃《ᠪᠢᠳᠡ ᠶᠠᠭᠤᠨ ᠳ᠋ᠤ᠌ ᠢᠳᠡᠭᠡᠨ ᠡᠨᠳᠡ ᠢᠷᠡᠭᠰᠡᠨ ᠬᠡᠷᠡᠭ ᠪᠣᠢ᠂ ᠪᠢᠳᠡᠨ ᠡᠴᠡ ᠬᠠᠮᠢᠶ᠎ᠠ ᠦᠭᠡᠢ ᠥᠨᠳᠥᠷ ᠲᠦ᠍᠂ ᠥᠪᠡᠷᠰᠡᠳ ᠤ᠋ᠨ ᠬᠢᠨᠢ ᠬᠡᠯᠡᠳᠡᠭ ᠢ᠋ᠶ᠋ᠡᠷ ᠮᠥᠩᠬᠡ ᠲᠩᠷᠢ ᠳ᠋ᠦ᠍ ᠣᠢᠷᠠᠬᠠᠨ ᠡᠨᠡ ᠤᠯᠤᠰ ᠤ᠋ᠨ ᠳᠡᠷᠭᠡᠳᠡ ᠪᠢᠳᠡ ᠶᠠᠮᠠᠷ ᠪᠣᠯᠬᠢ ᠪᠠᠢᠨ᠎ᠠ ᠪᠣᠢ? ᠮᠠᠨ ᠤ᠋ ᠹᠷᠠᠨᠼᠢ ᠣᠷᠣᠨ ᠮᠣᠩᠭᠣᠯᠴᠤᠳ ᠱᠢᠭ᠋ ᠪᠣᠯᠬᠤ ᠪᠣᠯᠤᠭ᠎ᠠ ᠦᠭᠡᠢ ᠪᠠᠢᠨ᠎ᠠ ᠳᠠ᠂ ᠲᠩᠷᠢ ᠪᠤᠷᠬᠠᠨ ᠹᠷᠠᠨᠼᠢ ᠶ᠋ᠢ ᠬᠠᠷᠠᠬᠤ ᠪᠠᠨ ᠪᠣᠯᠢᠵᠤ᠂ ᠭᠠᠩ ᠭᠠᠴᠢᠭ᠂ ᠲᠠᠬᠤᠯ ᠨᠢᠭᠤᠷᠯᠠᠭᠤᠯᠤᠨ ᠪᠠᠢᠬᠤ ᠶ᠋ᠢᠨ ᠤᠴᠢᠷ ᠶᠠᠭᠤ ᠪᠢᠯᠡ᠂ ᠮᠣᠩᠭᠣᠯ ᠤ᠋ᠨ ᠲᠠᠯ᠎ᠠ ᠡᠵᠡᠨ ᠬᠠᠭᠠᠨ ᠴᠤ᠌ ᠦᠭᠡᠢ ᠪᠠᠢᠨ᠎ᠠ᠂ ᠮᠣᠩᠭᠣᠯ ᠤ᠋ᠨ ᠲᠩᠷᠢ ᠳ᠋ᠦ᠍ ᠪᠤᠷᠬᠠᠨ ᠪᠠᠢᠨ᠎ᠠ᠂ ᠬᠠᠷᠢᠨ ᠬᠠᠲᠤᠨ ᠤ᠋ ᠵᠠᠬᠢᠳᠠᠯ ᠢ᠋ ᠪᠢ ᠬᠠᠭᠠᠨ ᠳ᠋ᠠᠭᠠᠨ ᠬᠡᠷᠬᠢᠨ ᠥᠭᠬᠦ ᠪᠢᠯᠡ》ᠭᠡᠮᠡᠨ ᠭᠠᠰᠠᠯᠤᠨ ᠪᠣᠳᠣᠵᠤ ᠪᠠᠢᠨ᠎ᠠ᠃
ᠲᠠᠯ᠎ᠠ ᠨᠤᠲᠤᠭ ᠡᠴᠡ ᠢᠷᠡᠭᠰᠡᠨ ᠪᠣᠢᠲᠣᠭ ᠤ᠋ᠨ ᠬᠠᠮᠲᠤ ᠰᠣᠷᠠᠬᠠᠨᠳᠠᠨᠢ ᠬᠠᠲᠤᠨ ᠤ᠋ ᠶᠠᠪᠤᠭᠤᠯᠤᠭᠰᠠᠨ ᠵᠠᠬᠢᠳᠠᠯ ᠰᠢᠷᠡᠭᠡᠨ ᠳᠡᠭᠡᠷ᠎ᠡ ᠬᠠᠷᠠᠭᠳᠠᠨ᠎ᠠ᠃ ᠪᠠᠲᠤ ᠬᠠᠭᠠᠨ ᠰᠢᠷᠡᠭᠡᠨ ᠳᠡᠭᠡᠷ᠎ᠡ ᠡᠴᠡ ᠵᠠᠬᠢᠳᠠᠯ ᠢ᠋ ᠠᠪᠤᠨ ᠪᠡᠷᠬᠡ ᠳ᠋ᠦ᠍ ᠥᠭᠭᠦᠭᠡᠳ᠂
— ᠳᠡᠭᠦᠦ ᠮᠢᠨᠢ ᠳᠠᠭᠤᠳᠠᠨ ᠤᠩᠰᠢᠨ᠎ᠠ ᠤᠤ ᠭᠡᠵᠦ ᠬᠡᠯᠡᠯ᠎ᠡ᠃ ᠪᠡᠷᠬᠡ᠂ ᠪᠠᠲᠤ ᠬᠠᠭᠠᠨ ᠤ᠋ ᠭᠠᠷ ᠡᠴᠡ ᠵᠠᠬᠢᠳᠠᠯ ᠢ᠋ ᠬᠣᠶᠠᠷ ᠭᠠᠷᠳᠠᠨ ᠵᠠᠳᠠᠯᠤᠭᠠᠳ᠂
—《ᠲᠠᠯ᠎ᠠ ᠨᠤᠲᠤᠭ ᠲᠤ᠌ ᠠᠢᠳᠠᠰ ᠨᠢᠭᠤᠷᠯᠠᠵᠤ᠂ ᠳᠠᠷᠬᠠᠨ ᠰᠠᠭᠤᠭᠰᠠᠨ ᠬᠠᠨ ᠬᠥᠪᠡᠭᠦᠳ ᠥᠪᠡᠷ ᠥᠪᠡᠷ ᠤ᠋ᠨ ᠲᠥᠷᠥ ᠤᠯᠤᠰ ᠢ᠋ ᠪᠠᠢᠭᠤᠯᠵᠤ᠂ ᠨᠢᠭᠡᠨ ᠴᠠᠭ ᠤ᠋ᠨ ᠶᠡᠬᠡ ᠤᠯᠤᠰ ᠬᠡᠳᠦ ᠬᠤᠪᠢᠶᠠᠭᠳᠠᠵᠤ᠂ ᠬᠠᠭᠠᠨ ᠤ᠋ ᠦᠷᠡᠰ ᠰᠢᠭᠤᠳᠠᠢ ᠳ᠋ᠤ᠌ ᠴᠢᠬᠢᠭᠰᠡᠨ ᠦᠬᠡᠷ ᠤ᠋ᠨ ᠡᠪᠡᠷ ᠰᠢᠭ ᠣᠯᠠᠨ ᠲᠠᠢᠰᠢ ᠬᠠᠷᠠᠵᠤ ᠰᠠᠭᠤᠪᠠ᠃ ᠨᠣᠶᠠᠳ ᠲᠦᠰᠢᠮᠡᠳ ᠬᠡᠨ ᠢ᠋ ᠴᠦ᠍ ᠳᠠᠭᠠᠬᠤ ᠪᠠᠨ ᠮᠡᠳᠡᠬᠦ ᠦᠭᠡᠢ᠂ ᠪᠡᠶ᠎ᠡ ᠪᠡᠶ᠎ᠡ ᠡᠴᠡ ᠪᠡᠨ ᠤᠷᠪᠠᠨ ᠲᠡᠷᠰᠯᠡᠵᠦ᠂ ᠠᠷᠠᠳ ᠣᠯᠠᠨ ᠵᠣᠪᠠᠯᠠᠩ ᠤ᠋ᠨ ᠳᠠᠯᠠᠢ ᠳ᠋ᠤ᠌ ᠤᠨᠠᠭᠠᠳ ᠪᠠᠢᠭ᠎ᠠ ᠦᠨᠡᠨ ᠢ᠋ ᠠᠯᠲᠠᠨ ᠣᠷᠳᠣᠨ ᠤ᠋ ᠤᠯᠤᠰ ᠡᠴᠡ ᠰᠣᠨᠣᠰᠴᠤ ᠪᠠᠢᠭ᠎ᠠ ᠪᠣᠢ ᠪᠢᠵᠡ ᠠ᠋᠃ ᠠᠯᠲᠠᠨ ᠤᠷᠤᠭ ᠤ᠋ᠨ ᠬᠢᠨ ᠬᠥᠨᠵᠢᠯᠡ ᠳ᠋ᠡᠭᠡᠨ ᠬᠥᠯ ᠢ᠋ᠶ᠋ᠡᠨ ᠣᠯᠬᠤ ᠦᠭᠡᠢ ᠪᠠᠢᠬᠤ ᠳ᠋ᠤ᠌ ᠠᠷᠠᠳ ᠤ᠋ᠨ ᠰᠡᠳᠬᠢᠯ ᠬᠡᠷᠬᠢᠨ ᠲᠠᠢᠪᠤᠰᠢᠷᠠᠯ ᠢ᠋ ᠣᠯᠬᠤ ᠪᠢᠯᠡ᠃ ᠥᠨᠥ ᠠᠯᠲᠠᠨ ᠤᠷᠤᠭ ᠤ᠋ᠨ ᠠᠬᠠᠮᠠᠳ ᠬᠥᠮᠦᠨ ᠲᠠᠨ ᠳ᠋ᠤ᠌ ᠵᠠᠬᠢᠳᠠᠯ ᠢᠯᠡᠭᠡᠵᠦ ᠪᠣᠢ ᠶ᠋ᠢᠨ ᠤᠴᠢᠷ ᠨᠢ ᠮᠥᠩᠬᠡ ᠲᠩᠷᠢ ᠶ᠋ᠢᠨ ᠬᠢᠯᠢᠩ ᠢ᠋ ᠳᠠᠷᠤᠵᠤ᠂ ᠮᠥᠬᠥᠬᠦ ᠤᠴᠢᠷ ᠦᠭᠡᠢ ᠤᠯᠤᠰ ᠢ᠋ᠶ᠋ᠠᠨ ᠠᠪᠤᠷᠠᠬᠤ᠂ ᠨᠢᠭᠡᠨ ᠦᠵᠦᠭᠦᠷᠲᠦ ᠰᠡᠳᠬᠢᠯ ᠢ᠋ ᠠᠭᠤᠯᠤᠨ᠂ ᠨᠣᠶᠠᠳ ᠢ᠋ ᠴᠢᠭᠤᠯᠭᠠᠨ ᠬᠤᠷᠠᠭᠤᠯᠵᠤ᠂ ᠳᠠᠷᠠᠭ᠎ᠠ ᠶ᠋ᠢᠨ ᠬᠠᠭᠠᠨ ᠡᠵᠡᠨ ᠢ᠋ ᠵᠠᠯᠠᠬᠤ ᠴᠠᠭ ᠪᠣᠯᠵᠠᠢ ᠭᠡᠳᠡᠭ ᠢ᠋ ᠰᠠᠨᠠᠭᠤᠯᠬᠤ ᠭᠡᠰᠡᠨ ᠬᠡᠷᠡᠭ᠃ ᠬᠠᠭᠠᠨ ᠤ᠋ ᠬᠦᠦ ᠡᠴᠡ ᠪᠡᠯᠪᠡᠰᠦᠷᠡᠵᠦ ᠦᠯᠡᠳᠡᠭᠰᠡᠨ ᠬᠠᠲᠤᠨ ᠪᠢ ᠥᠨᠥ ᠶ᠋ᠢ ᠬᠦᠷᠲᠡᠯ᠎ᠡ ᠭᠠᠭᠴᠠᠭᠠᠷ ᠣᠢ ᠭᠤᠨᠢᠭ ᠢ᠋ᠶ᠋ᠠᠨ ᠭᠡᠲᠦᠯᠦᠨ ᠶᠠᠪᠤᠬᠤ ᠳ᠋ᠠᠭᠠᠨ ᠠᠬᠢᠨ ᠬᠥᠮᠦᠨ ᠲᠡᠢ ᠭᠡᠷᠯᠡᠭᠡ ᠦᠭᠡᠢ ᠶ᠋ᠢᠨ ᠤᠴᠢᠷ ᠨᠢ ᠶᠡᠬᠡ ᠬᠠᠭᠠᠨ ᠳ᠋ᠤ᠌ ᠠᠮᠠᠯᠠᠭᠰᠠᠨ ᠠᠮᠠᠯᠠᠯᠲᠠ᠂ ᠮᠥᠩᠬᠡ ᠲᠩᠷᠢ ᠶ᠋ᠢᠨ ᠳᠣᠣᠷ᠎ᠠ ᠬᠦᠯᠢᠶᠡᠭᠰᠡᠨ ᠡᠭᠦᠷᠭᠡ ᠪᠠᠢᠭᠰᠠᠨ ᠪᠢᠯᠡ᠃ ᠲᠡᠷᠡ ᠴᠠᠭ ᠲᠤ᠌ ᠠᠪᠠᠭ᠎ᠠ ᠠᠬ᠎ᠠ ᠲᠠᠨᠢ ᠥᠪᠡᠷ ᠤ᠋ᠨ ᠬᠦᠦ ᠲᠡᠢ ᠪᠡᠨ ᠭᠡᠷᠯᠡᠭᠦᠯᠬᠦ ᠰᠠᠨᠠᠯ ᠲᠠᠯᠪᠢᠬᠤ ᠳ᠋ᠤ᠌ ᠪᠢ ᠬᠦᠯᠢᠶᠡᠨ ᠠᠪᠤᠭ᠎ᠠ ᠦᠭᠡᠢ ᠶ᠋ᠢ ᠰᠠᠨᠠᠵᠤ ᠪᠣᠢ ᠪᠢᠵᠡ᠃ ᠡᠨᠡ ᠪᠣᠯ ᠮᠢᠨᠦ ᠮᠥᠩᠬᠡ ᠲᠩᠷᠢ ᠶ᠋ᠢᠨ ᠡᠮᠦᠨ᠎ᠡ ᠬᠦᠯᠢᠶᠡᠭᠰᠡᠨ ᠡᠭᠦᠷᠭᠡ ᠪᠠᠢᠪᠠ᠃ ᠠᠯᠲᠠᠨ ᠤᠷᠤᠭ ᠤ᠋ᠨ ᠬᠥᠮᠦᠨ ᠬᠡᠯᠡᠭᠰᠡᠨ ᠦᠭᠡᠨ ᠡᠴᠡ ᠪᠡᠨ ᠪᠤᠴᠠᠳᠠᠭ ᠦᠭᠡᠢ ᠶ᠋ᠢ ᠰᠠᠨᠠᠵᠤ᠂ ᠨᠢᠭᠡᠨ ᠴᠠᠭ ᠲᠤ᠌ ᠬᠡᠯᠡᠭᠰᠡᠨ ᠢ᠋ᠶ᠋ᠡᠨ ᠮᠥᠩᠬᠡ ᠲᠩᠷᠢ ᠶ᠋ᠢᠨ ᠳᠣᠣᠷ᠎ᠠ ᠪᠡᠶᠡᠯᠡᠭᠦᠯᠬᠦ ᠴᠠᠭ ᠢᠷᠡᠭᠰᠡᠨ ᠢ᠋ ᠳᠣᠭᠣᠯᠭᠠᠶᠠ᠃ ᠵᠥᠴᠢ ᠶ᠋ᠢᠨ ᠲᠣᠮᠣ ᠬᠦᠦ ᠪᠠᠲᠤ ᠡᠨᠡ ᠬᠤᠷᠠᠯᠳᠠᠢ ᠶ᠋ᠢ ᠵᠠᠷᠯᠠᠵᠤ᠂ ᠬᠠᠭᠠᠨ ᠤ᠋ ᠭᠣᠯᠣᠮᠲᠠ ᠰᠠᠬᠢᠨ ᠦᠯᠡᠳᠡᠭᠰᠡᠨ ᠤᠳᠬᠤᠨ ᠬᠦᠦ ᠲᠤᠯᠤᠢ ᠶ᠋ᠢᠨ ᠠᠬᠠᠮᠠᠳ ᠬᠦᠦ ᠮᠥᠩᠬᠡ ᠪᠡᠷ ᠶᠡᠬᠡ ᠮᠣᠩᠭᠣᠯ ᠤ᠋ᠨ ᠭᠠᠯ ᠭᠣᠯᠣᠮᠲᠠ ᠶ᠋ᠢ ᠰᠠᠬᠢᠭᠤᠯᠬᠤ ᠴᠠᠭ ᠪᠣᠯᠵᠠᠢ᠂ ᠲᠡᠷᠡ ᠨᠢᠭᠡᠨ ᠡᠳᠦᠷ ᠪᠤᠬᠠᠷ ᠲᠤ᠌ ᠬᠡᠯᠡᠵᠦ ᠪᠠᠢᠭᠰᠠᠨ ᠪᠠᠲᠤ ᠬᠠᠭᠠᠨ ᠤ᠋ ᠦᠭᠡ ᠪᠡᠷ ᠶᠣᠰᠣᠲᠤ ᠬᠠᠭᠠᠨ ᠰᠢᠷᠡᠭᠡᠨ ᠳ᠋ᠦ᠍ ᠰᠠᠭᠤᠵᠤ᠂ ᠶᠣᠰᠣ ᠪᠤᠰᠤ ᠶᠠᠪᠤᠳᠠᠯ ᠠᠷᠢᠯᠲᠤᠭᠠᠢ᠃ ᠬᠡᠷᠪᠡ ᠮᠢᠨᠦ ᠬᠦᠰᠡᠯᠲᠡ ᠶ᠋ᠢ ᠪᠠᠲᠤ ᠬᠠᠭᠠᠨ ᠵᠥᠪᠰᠢᠶᠡᠷᠡᠬᠦ ᠠᠪᠠᠰᠤ ᠺᠢᠫᠴᠡᠺ ᠤ᠋ᠨ ᠲᠠᠯ᠎ᠠ ᠳ᠋ᠤ᠌ ᠬᠤᠷᠠᠯᠲᠠᠢ ᠶ᠋ᠢ ᠵᠠᠷᠯᠠᠨ᠎ᠠ ᠤᠤ᠃ ᠠᠯᠲᠠᠨ ᠣᠷᠳᠣᠨ ᠤ᠋ ᠤᠯᠤᠰ ᠲᠤ᠌ ᠪᠣᠯᠬᠤ ᠬᠤᠷᠠᠯᠳᠠᠢ ᠶ᠋ᠢ ᠠᠬᠠᠮᠠᠳ ᠬᠥᠮᠦᠨ ᠪᠠᠲᠤ ᠤᠳᠤᠷᠢᠳᠤᠨ ᠶᠠᠪᠤᠭᠤᠯᠬᠤ ᠲᠤᠯᠠ ᠠᠯᠲᠠᠨ ᠤᠷᠤᠭ ᠤ᠋ᠨ ᠬᠢᠨ ᠡᠨᠡ ᠭᠠᠵᠠᠷ ᠢ᠋ ᠡᠰᠡ ᠵᠥᠪᠰᠢᠶᠡᠷᠡᠭᠰᠡᠨ ᠴᠦ᠍ ᠲᠠᠯ᠎ᠠ ᠨᠤᠲᠤᠭ ᠡᠴᠡ ᠲᠤᠯᠤᠢ ᠶ᠋ᠢᠨ ᠦᠷᠡᠰ ᠥᠪᠡᠷ ᠤ᠋ᠨ ᠬᠥᠮᠦᠰ ᠤ᠋ᠨ ᠬᠠᠮᠲᠤ ᠣᠴᠢᠬᠤ ᠪᠣᠯᠤᠨ᠎ᠠ᠃ ᠬᠤᠷᠠᠯᠲᠠᠢ ᠪᠠᠷ ᠳᠠᠷᠠᠭ᠎ᠠ ᠶ᠋ᠢᠨ ᠬᠠᠭᠠᠨ ᠢ᠋ ᠰᠣᠩᠭᠣᠵᠤ᠂ ᠡᠰᠡᠷᠭᠦᠴᠡᠨ ᠪᠣᠰᠬᠤ ᠡᠷᠡᠰᠳᠡᠯ ᠢ᠋ ᠪᠣᠳᠣᠵᠤ ᠶᠡᠬᠡ ᠴᠡᠷᠢᠭ ᠤ᠋ᠨ ᠬᠠᠮᠲᠤ ᠨᠠᠭᠠᠰᠢ ᠢᠯᠡᠭᠡᠨ᠎ᠡ ᠤᠤ᠃ ᠡᠰᠡᠷᠭᠦ ᠲᠠᠯ᠎ᠠ ᠶ᠋ᠢᠨ ᠨᠣᠶᠠᠳ ᠢ᠋ ᠨᠠᠭᠠᠰᠢ ᠢᠯᠡᠭᠡᠯ ᠦᠭᠡᠢ ᠦᠯᠡᠳᠡᠭᠡᠵᠦ᠂ ᠬᠠᠭᠠᠨ ᠡᠵᠡᠨ ᠰᠢᠷᠡᠭᠡᠨ ᠳ᠋ᠡᠭᠡᠨ ᠵᠠᠯᠠᠷᠠᠭᠰᠠᠨ ᠤ᠋ ᠳᠠᠷᠠᠭ᠎ᠠ ᠲᠠᠯᠪᠢᠨ ᠶᠠᠪᠤᠭᠤᠯᠤᠨ᠎ᠠ ᠪᠢᠵᠡ᠃ ᠬᠠᠷᠢᠨ ᠪᠠᠲᠤ ᠬᠠᠭᠠᠨ ᠥᠪᠡᠷ ᠤ᠋ᠨ ᠠᠶᠤᠯ ᠦᠭᠡᠢ ᠪᠠᠢᠳᠠᠯ ᠢ᠋ ᠪᠣᠳᠣᠯᠴᠠᠨ ᠨᠤᠲᠤᠭ ᠲᠠᠭᠠᠨ ᠦᠯᠡᠳᠡᠵᠦ᠂ ᠲᠥᠯᠥᠭᠡᠨ ᠦ᠌ ᠬᠥᠮᠦᠨ ᠢ᠋ᠶ᠋ᠡᠨ ᠶᠠᠪᠤᠭᠤᠯᠤᠨ᠎ᠠ ᠤᠤ》 ᠭᠡᠮᠡᠨ ᠤᠩᠰᠢᠯ᠎ᠠ᠃
ᠵᠠᠬᠢᠳᠠᠯ ᠢ᠋ ᠤᠩᠰᠢᠵᠤ ᠳᠠᠭᠤᠰᠬᠤ ᠳ᠋ᠤ᠌ ᠪᠠᠲᠤ ᠬᠠᠭᠠᠨ᠄
— ᠰᠤᠷᠬᠠᠭᠳᠠᠨᠢ ᠬᠠᠲᠤᠨ ᠤ᠋ ᠰᠠᠨᠠᠭ᠎ᠠ ᠶ᠋ᠢ ᠣᠢᠯᠠᠭᠠᠯ᠎ᠠ ᠭᠡᠮᠡᠨ ᠬᠡᠯᠡᠪᠡ᠃ ᠪᠡᠷᠬᠡ᠂ ᠰᠦᠪᠡᠭᠡᠳᠡᠢ ᠂ ᠨᠠᠷ ᠰᠤᠷᠬᠠᠭᠳᠠᠨᠢ ᠬᠠᠲᠤᠨ ᠤ᠋ ᠵᠠᠬᠢᠳᠠᠯ ᠢ᠋ ᠬᠠᠮᠲᠤ ᠰᠣᠨᠣᠰᠤᠭᠰᠠᠨ ᠲᠤᠯᠠ ᠪᠠᠲᠤ ᠬᠠᠭᠠᠨ ᠤ᠋ ᠰᠠᠨᠠᠯ ᠢ᠋ ᠬᠦᠯᠢᠶᠡᠵᠦ ᠪᠠᠢᠯ᠎ᠠ᠃ ᠭᠡᠪᠡᠴᠦ ᠪᠠᠲᠤ ᠥᠭᠡᠷ᠎ᠡ ᠦᠭᠡ ᠬᠡᠯᠡᠭᠰᠡᠨ ᠦᠭᠡᠢ᠃ ᠦᠷᠭᠦᠭᠡᠨ ᠳᠣᠲᠣᠷ᠎ᠠ ᠳᠠᠬᠢᠨ ᠨᠠᠮ ᠭᠦᠮ ᠪᠠᠢᠳᠠᠯ ᠨᠣᠶᠠᠷᠬᠠᠯᠠ᠃ ᠬᠡᠰᠡᠭ ᠬᠤᠭᠤᠴᠠᠭᠠᠨ ᠤ᠋ ᠳᠠᠷᠠᠭ᠎ᠠ ᠪᠡᠷᠬᠡ ᠲᠡᠰᠦᠭᠰᠡᠨ ᠦᠭᠡᠢ ᠪᠣᠯᠤᠯᠲᠠᠢ᠂
— ᠠᠬ᠎ᠠ ᠲᠠ ᠬᠠᠭᠠᠨ ᠰᠢᠷᠡᠭᠡᠨ ᠳ᠋ᠦ᠍ ᠰᠠᠭᠤᠬᠤ ᠶᠣᠰᠣᠲᠤ ᠬᠠᠭᠠᠨ ᠪᠣᠯ ᠮᠥᠩᠬᠡ ᠭᠡᠵᠦ ᠬᠡᠯᠡᠵᠦ ᠪᠠᠢᠵᠠᠢ ᠭᠡᠮᠡᠨ ᠠᠰᠠᠭᠤᠬᠤ ᠳ᠋ᠤ᠌ ᠪᠠᠲᠤ᠄
—ᠬᠠᠨ ᠬᠥᠪᠡᠭᠦᠳ ᠤ᠋ᠨ ᠳᠤᠮᠳᠠ ᠡᠴᠡ ᠬᠠᠭᠠᠨ ᠰᠠᠭᠤᠬᠤ ᠭᠠᠪᠢᠶ᠎ᠠ ᠲᠠᠢ ᠬᠥᠮᠦᠨ ᠥᠨᠥ ᠮᠥᠩᠬᠡ ᠪᠢᠳᠡ ᠬᠣᠶᠠᠷ ᠡᠴᠡ ᠥᠭᠡᠷ᠎ᠡ ᠦᠭᠡᠢ ᠪᠢᠵᠡ ᠠ᠋᠃ ᠬᠠᠨ ᠬᠥᠪᠡᠭᠦᠳ ᠤ᠋ᠨ ᠠᠶᠠᠨ ᠲᠡᠢᠨ ᠡᠴᠡ ᠪᠢᠳᠡᠨ ᠦ᠌ ᠭᠠᠪᠢᠶ᠎ᠠ ᠲᠣᠳᠣᠷᠠᠭᠰᠠᠨ ᠬᠡᠷᠡᠭ ᠬᠡᠮᠡᠯ᠎ᠡ᠃ᠪᠡᠷᠬᠡ:
— ᠰᠤᠷᠬᠠᠭᠳᠠᠨᠢ ᠬᠠᠲᠤᠨ ᠶᠠᠭᠤᠨ ᠤ᠋ ᠤᠴᠢᠷ ᠭᠠᠭᠴᠠ ᠥᠪᠡᠷ ᠤ᠋ᠨ ᠬᠦᠦ ᠶ᠋ᠢ ᠬᠠᠭᠠᠨ ᠰᠢᠷᠡᠭᠡᠨ ᠳ᠋ᠦ᠍ ᠰᠠᠭᠤᠯᠭᠠᠬᠤ ᠰᠠᠨᠠᠯ ᠲᠠᠯᠪᠢᠨ᠎ᠠ ᠪᠣᠢ᠃ ᠪᠠᠢᠭᠤᠯᠤᠭᠰᠠᠨ ᠭᠠᠪᠢᠶ᠎ᠠ ᠶ᠋ᠢ ᠨᠢ ᠦᠵᠡᠭᠰᠡᠨ ᠴᠤ᠌ ᠪᠠᠲᠤ ᠠᠬ᠎ᠠ ᠲᠠ ᠲᠡᠭᠦᠨ ᠡᠴᠡ ᠳᠡᠭᠡᠭᠦᠷ ᠪᠤᠰᠤ ᠤᠤ ᠬᠡᠮᠡᠬᠦ ᠳ᠋ᠦ᠍ ᠪᠠᠲᠤ ᠬᠠᠭᠠᠨ:
— ᠰᠤᠷᠬᠠᠭᠳᠠᠨᠢ ᠬᠠᠲᠤᠨ ᠲᠠᠯ᠎ᠠ ᠨᠤᠲᠤᠭ ᠲᠤ᠌ ᠠᠢᠳᠠᠰ ᠲᠦᠭᠰᠢᠭᠦᠷᠢ ᠬᠢᠷᠢ ᠡᠴᠡ ᠬᠡᠲᠦᠷᠡᠵᠦ᠂ ᠲᠥᠷᠥ ᠤᠯᠤᠰ ᠡᠵᠡᠭᠦᠢᠷᠡᠨ ᠭᠠᠩᠬᠤᠵᠤ᠂ ᠲᠦᠮᠡᠨ ᠣᠯᠠᠨ ᠦᠢᠮᠡᠨ ᠰᠠᠨᠳᠤᠷᠴᠤ ᠪᠠᠢᠭ᠎ᠠ ᠶ᠋ᠢ ᠨᠠᠳᠠ ᠳ᠋ᠤ᠌ ᠮᠡᠳᠡᠭᠡᠯᠡᠨ᠂ ᠡᠷᠲᠡ ᠴᠠᠭ ᠡᠴᠡ ᠬᠦᠯᠢᠶᠡᠨ ᠵᠥᠪᠰᠢᠶᠡᠷᠡᠭᠳᠡᠭᠰᠡᠨ ᠠᠯᠲᠠᠨ ᠤᠷᠤᠭ ᠤ᠋ᠨ ᠬᠥᠮᠦᠨ ᠭᠡᠳᠡᠭ ᠢ᠋ ᠮᠢᠨᠢ ᠰᠠᠨᠠᠭᠤᠯᠵᠤ᠂ ᠡᠨᠡ ᠪᠣᠢᠲᠣᠭ ᠢ᠋ ᠢᠯᠡᠭᠡᠭᠰᠡᠨ ᠨᠢ ᠠᠬᠠᠮᠠᠳ ᠤ᠋ᠨ ᠬᠤᠪᠢ ᠪᠠᠷ ᠰᠢᠢᠳᠪᠦᠷᠢ ᠭᠠᠷᠭ᠎ᠠ ᠭᠡᠵᠦ ᠬᠡᠯᠡᠭᠰᠡᠨ ᠬᠡᠷᠡᠭ ᠪᠢᠵᠡ᠃ᠬᠠᠷᠢᠨ ᠪᠠᠲᠤ ᠬᠠᠭᠠᠨ ᠤ᠋ ᠬᠦᠰᠡᠯ ᠢ᠋ᠶ᠋ᠡᠷ ᠶᠣᠰᠣᠲᠤ ᠬᠠᠭᠠᠨ ᠰᠢᠷᠡᠭᠡᠨ ᠳ᠋ᠦ᠍ ᠰᠠᠭᠤᠵᠤ᠂ ᠶᠣᠰᠣ ᠪᠤᠰᠤ ᠶᠠᠪᠤᠳᠠᠯ ᠠᠷᠢᠯᠲᠤᠭᠠᠢ ᠭᠡᠰᠡᠨ ᠨᠢ ᠠᠯᠲᠠᠨ ᠤᠷᠤᠭ ᠤ᠋ᠨ ᠬᠢᠨ ᠡᠴᠡ ᠬᠠᠭᠠᠨ ᠰᠢᠷᠡᠭᠡᠨ ᠳ᠋ᠦ᠍ ᠰᠠᠭᠤᠬᠤ ᠶᠣᠰᠣᠲᠠᠢ ᠬᠥᠮᠦᠨ ᠪᠣᠯ ᠲᠡᠭᠦᠨ ᠦ᠌ ᠬᠦᠦ ᠮᠥᠩᠬᠡ ᠭᠡᠵᠦ ᠬᠡᠯᠡᠭᠰᠡᠨ ᠮᠢᠨᠦ ᠦᠭᠡᠨ ᠡᠴᠡ ᠡᠭᠦᠳᠦᠨ ᠥᠪᠡᠷ ᠤ᠋ᠨ ᠰᠠᠨᠠᠭ᠎ᠠ ᠪᠠᠨ ᠬᠡᠯᠡᠭᠰᠡᠨ ᠬᠡᠷᠡᠭ᠃ᠠᠯᠲᠠᠨ ᠤᠷᠤᠭ ᠤ᠋ᠨ ᠬᠢᠨ ᠠᠮᠠᠨ ᠡᠴᠡ ᠪᠠᠨ ᠪᠤᠴᠠᠬᠤ ᠤᠴᠢᠷ ᠦᠭᠡᠢ ᠲᠤᠯᠠ ᠪᠢ ᠬᠡᠯᠡᠭᠰᠡᠨ ᠳ᠋ᠡᠭᠡᠨ ᠬᠦᠷᠬᠦ ᠶᠣᠰᠣᠲᠠᠢ ᠬᠡᠮᠡᠪᠡ᠃ᠡᠮᠦᠨᠡᠬᠢ ᠰᠢᠷᠡᠭᠡᠨ ᠳᠡᠭᠡᠷ᠎ᠡ ᠪᠠᠢᠭ᠎ᠠ ᠬᠣᠣᠰ ᠪᠣᠢᠲᠣᠭ ᠢ᠋ ᠬᠠᠷᠠᠭᠠᠳ ᠪᠠᠲᠤ:
— ᠰᠤᠷᠬᠠᠭᠳᠠᠨᠢ ᠬᠠᠲᠤᠨ ᠨᠠᠳᠠ ᠳ᠋ᠤ᠌ ᠡᠭᠦᠨ ᠢ᠋ ᠢᠯᠡᠭᠡᠭᠰᠡᠨ ᠢ᠋ᠶ᠋ᠡᠷ ᠭᠠᠭᠴᠠ ᠪᠠᠢᠭᠰᠠᠨ ᠰᠡᠳᠬᠢᠯ ᠢ᠋ ᠮᠢᠨᠢ ᠪᠦᠲᠦᠨ ᠪᠣᠯᠭᠠᠵᠤ ᠥᠭᠭᠦᠭᠰᠡᠨ ᠮᠡᠲᠦ ᠳᠣᠲᠣᠷ᠎ᠠ ᠠᠭᠤᠵᠢᠷᠠᠬᠤ ᠱᠢᠭ᠋ ᠪᠣᠯᠤᠯ᠎ᠠ ᠬᠡᠮᠡᠯ᠎ᠡ᠃
ᠶᠡᠬᠡ ᠮᠣᠩᠭᠣᠯ ᠤᠯᠤᠰ ᠤ᠋ᠨ ᠡᠵᠡᠨ ᠬᠠᠭᠠᠨ ᠤ᠋ ᠰᠠᠭᠤᠳᠠᠯ ᠡᠵᠡᠭᠦᠢᠷᠡᠵᠦ᠂ ᠮᠣᠩᠭᠣᠯ ᠤ᠋ᠨ ᠲᠠᠯ᠎ᠠ ᠨᠤᠲᠤᠭ ᠲᠤ᠌ ᠡᠷᠬᠡ ᠮᠠᠲᠠᠯ ᠤ᠋ᠨ ᠲᠥᠯᠦᠭᠡᠬᠢ ᠲᠡᠢᠨ ᠳᠡᠭᠳᠡᠯ᠎ᠡ᠃ ᠠᠯᠲᠠᠨ ᠤᠷᠤᠭ ᠭᠡᠰᠡᠨ ᠨᠢᠭᠡᠨ ᠲᠣᠮᠣ ᠮᠣᠳᠣᠨ ᠡᠴᠡ ᠰᠠᠯᠠᠭᠠᠯᠠᠨ ᠤᠷᠭᠤᠭᠰᠠᠨ ᠮᠥᠴᠢᠷ ᠨᠠᠬᠢᠶ᠎ᠠ ᠪᠦᠬᠦᠨ ᠥᠪᠡᠷ ᠢ᠋ ᠪᠡᠨ ᠪᠦᠭᠦᠳᠡ ᠶ᠋ᠢᠨ ᠦᠨᠳᠦᠰᠦ ᠭᠡᠵᠦ ᠪᠡᠶ᠎ᠡ ᠪᠡᠨ ᠲᠣᠭᠣᠨ ᠳᠤᠷ᠎ᠠ ᠪᠠᠷ ᠠᠪᠤᠷᠢᠯᠠᠵᠤ ᠬᠠᠭᠠᠨᠲᠤ ᠲᠥᠷᠥ ᠬᠡᠳᠦ ᠬᠡᠳᠦ ᠬᠤᠪᠢᠶᠠᠭᠳᠠᠬᠤ ᠠᠶᠤᠯ ᠬᠡᠳᠦᠢᠨᠡᠢ ᠨᠢᠭᠤᠷᠯᠠᠭᠠᠳ ᠡᠬᠢᠯᠡᠵᠡᠢ᠃ᠳᠠᠷᠠᠭ᠎ᠠ ᠶ᠋ᠢᠨ ᠣᠷᠣ ᠵᠠᠯᠭᠠᠭᠴᠢ ᠪᠠᠨ ᠨᠡᠷᠡᠯᠡᠵᠦ ᠠᠮᠵᠢᠯ ᠦᠭᠡᠢ ᠮᠥᠩᠬᠡ ᠲᠩᠷᠢ ᠳ᠋ᠦ᠍ ᠪᠤᠴᠠᠭᠰᠠᠨ ᠬᠥᠶᠦᠭ ᠬᠠᠭᠠᠨ ᠤ᠋ ᠦᠷ᠎ᠡ ᠬᠡᠦᠬᠡᠳ ᠤᠳ ᠥᠨᠥ ᠥᠪᠡᠷ ᠥᠪᠡᠷ ᠤ᠋ᠨ ᠬᠠᠭᠠᠨᠲᠤ ᠤᠯᠤᠰ ᠢ᠋ᠶ᠋ᠠᠨ ᠪᠠᠢᠭᠤᠯᠵᠠᠢ᠃
ᠬᠠᠭᠠᠨᠲᠤ ᠲᠥᠷᠥ ᠶ᠋ᠢᠨ ᠶᠡᠬᠡᠰ ᠳᠡᠭᠡᠳᠦᠰ ᠤᠴᠢᠷ ᠨᠢ ᠦᠯᠦ ᠣᠯᠳᠠᠬᠤ ᠬᠡᠷᠡᠭ ᠶᠠᠪᠤᠳᠠᠯ ᠤ᠋ᠨ ᠲᠠᠯ᠎ᠠ ᠪᠠᠷ ᠳᠣᠲᠣᠷ᠎ᠠ ᠪᠠᠨ ᠲᠠᠭᠠᠮᠠᠭᠯᠠᠨ ᠥᠪᠡᠷ ᠵᠠᠭᠤᠷ᠎ᠠ ᠪᠠᠨ ᠴᠢᠮᠡᠭᠡ ᠦᠭᠡᠢᠬᠡᠨ ᠶᠠᠷᠢᠯᠴᠠᠨ᠎ᠠ᠃
— ᠤᠭᠤᠯ ᠬᠠᠢᠮᠢᠱ ᠬᠠᠲᠤᠨ ᠳᠠᠷᠠᠭ᠎ᠠ ᠶ᠋ᠢᠨ ᠬᠠᠭᠠᠨ ᠣᠷᠣ ᠵᠠᠯᠭᠠᠭᠴᠢ ᠪᠠᠷ ᠥᠪᠡᠷ ᠤ᠋ᠨ ᠬᠦᠦ ᠶ᠋ᠢ ᠪᠤᠰᠤ ᠥᠭᠡᠳᠡᠢ ᠬᠠᠭᠠᠨ ᠤ᠋ ᠠᠴᠢ ᠬᠦᠦ ᠰᠢᠷᠡᠮᠦᠨ ᠢ᠋ ᠰᠠᠭᠤᠯᠭᠠᠬᠤ ᠪᠠᠷ ᠰᠢᠢᠳᠦᠭᠰᠡᠨ ᠪᠠᠢᠨ᠎ᠠ ᠭᠡᠬᠦ ᠳ᠋ᠦ᠍᠄
— ᠡᠨᠡ ᠬᠠᠲᠤᠨ ᠥᠪᠡᠷ ᠤ᠋ᠨ ᠬᠥᠪᠡᠭᠦᠳ ᠡᠴᠡ ᠬᠠᠭᠠᠨ ᠰᠢᠷᠡᠭᠡᠨ ᠳ᠋ᠦ᠍ ᠰᠠᠭᠤᠯᠭᠠᠬᠤ ᠦᠭᠡᠢ ᠪᠠᠢᠭ᠎ᠠ ᠨᠢ ᠶᠠᠮᠠᠷ ᠤᠴᠢᠷ ᠲᠠᠢ ᠶᠤᠮ ᠪᠣᠯ?
— ᠥᠭᠡᠳᠡᠢ ᠬᠠᠭᠠᠨ ᠲᠡᠭᠦᠨ ᠦ᠌ ᠵᠡᠭᠦᠳᠦᠨ ᠳ᠋ᠦ᠍ ᠢᠷᠡᠵᠦ᠂ ᠥᠪᠡᠷ ᠤ᠋ᠨ ᠦᠭᠡ ᠶ᠋ᠢ ᠰᠠᠨᠠᠭᠤᠯᠤᠭᠠᠳ ᠪᠤᠴᠠᠬᠤ ᠳ᠋ᠠᠭᠠᠨ ᠰᠢᠷᠡᠮᠦᠨ ᠢ᠋ ᠬᠠᠭᠠᠨ ᠣᠷᠣ ᠰᠠᠭᠤᠯᠠᠭ᠎ᠠ ᠭᠡᠵᠦ ᠬᠡᠯᠡᠭᠰᠡᠨ ᠭᠡᠨ᠎ᠡ᠃
— ᠤᠭᠤᠯ ᠬᠠᠢᠮᠢᠱ ᠬᠠᠲᠤᠨ ᠥᠪᠡᠷ ᠤ᠋ᠨ ᠬᠦᠦ ᠶ᠋ᠢ ᠬᠠᠭᠠᠨ ᠰᠢᠷᠡᠭᠡᠨ ᠳ᠋ᠦ᠍ ᠰᠠᠭᠤᠯᠭᠠᠬᠤ ᠦᠭᠡᠢ ᠪᠠᠢᠭ᠎ᠠ ᠨᠢ ᠴᠥᠪ ᠤ᠋ᠨ ᠴᠠᠭ ᠢᠷᠡᠬᠦ ᠶ᠋ᠢ ᠤᠷᠢᠳᠴᠢᠯᠠᠨ ᠬᠠᠷᠠᠵᠤ᠂ ᠬᠦᠦ ᠪᠡᠨ ᠬᠣᠣᠷᠯᠠᠭᠳᠠᠬᠤ ᠡᠴᠡ ᠡᠮᠢᠶᠡᠭᠰᠡᠨ ᠬᠡᠷᠡᠭ ᠪᠢᠵᠡ ᠭᠡᠬᠦ ᠳ᠋ᠦ᠍᠂
— ᠡᠨᠡ ᠬᠡᠴᠡᠭᠦᠦ ᠴᠠᠭ ᠲᠤ᠌ ᠲᠩᠷᠢ ᠶ᠋ᠢᠨ ᠲᠠᠭᠠᠯᠠᠯ ᠢ᠋ ᠣᠯᠤᠭ᠎ᠠ ᠦᠭᠡᠢ ᠬᠥᠮᠦᠨ ᠬᠠᠭᠠᠨ ᠰᠠᠭᠤᠪᠠᠯ ᠬᠡᠷᠬᠢᠬᠦ ᠪᠢᠯᠡ ᠭᠡᠮᠡᠨ ᠡᠮᠢᠶᠡᠵᠦ ᠪᠠᠢᠨ᠎ᠠ᠃
— ᠦᠭᠡᠢ ᠳᠡ ᠮᠣᠩᠭᠣᠯᠴᠤᠳ ᠢ᠋ ᠲᠩᠷᠢ ᠪᠤᠷᠬᠠᠨ ᠣᠷᠬᠢᠬᠤ ᠪᠣᠯᠤᠭ᠎ᠠ ᠦᠭᠡᠢ᠃ ᠰᠠᠢᠬᠠᠨ ᠴᠠᠭ ᠢᠷᠡᠬᠦ ᠪᠣᠯᠤᠨ᠎ᠠ ᠭᠡᠵᠦ ᠶᠠᠷᠢᠯᠴᠠᠨ᠎ᠠ᠃
ᠡᠨᠡ ᠮᠡᠲᠦ ᠶᠠᠷᠢᠶ᠎ᠠ ᠡᠳᠦᠷ ᠢᠷᠡᠬᠦ ᠲᠣᠰᠤᠮ ᠭᠠᠵᠠᠷ ᠠᠪᠴᠤ᠂ ᠶᠡᠬᠡ ᠡᠵᠡᠨ ᠴᠢᠩᠭᠢᠰ ᠬᠠᠭᠠᠨ ᠡᠴᠡ ᠬᠣᠢᠰᠢ ᠲᠠᠯ᠎ᠠ ᠨᠤᠲᠤᠭ ᠤ᠋ᠨ ᠬᠥᠷᠥᠰᠥᠨ ᠳᠡᠭᠡᠷ᠎ᠡ ᠬᠠᠪᠤᠷ ᠤ᠋ᠨ ᠢᠷᠭᠤᠢ ᠱᠢᠭ᠋ ᠮᠡᠨᠳᠦᠯᠡᠭᠰᠡᠨ ᠠᠴᠢ ᠦᠷᠡᠰ ᠤ᠋ᠨ ᠬᠢᠨᠢ ᠳᠤᠮᠳᠠ《ᠪᠢ ᠴᠤ᠌ ᠬᠠᠭᠠᠨᠲᠤ ᠲᠥᠷᠥ ᠶ᠋ᠢᠨ ᠲᠠᠮᠠᠭ᠎ᠠ ᠶ᠋ᠢ ᠭᠠᠷ ᠲᠠᠭᠠᠨ ᠠᠪᠴᠤ ᠪᠣᠯᠬᠤ ᠶᠤᠮ ᠪᠠᠢᠨ᠎ᠠ》ᠭᠡᠰᠡᠨ ᠨᠢᠭᠤᠴᠠᠬᠠᠨ ᠬᠦᠰᠡᠯ ᠲᠥᠷᠥᠭᠦᠯᠦᠭᠡᠳ ᠠᠮᠵᠢᠵᠠᠢ᠃
ᠲᠩᠷᠢ ᠪᠣᠯᠤᠭᠰᠠᠨ ᠬᠠᠭᠠᠨ ᠬᠥᠶᠦᠭ ᠤ᠋ᠨ ᠬᠥᠪᠡᠭᠦᠳ ᠪᠣᠯᠬᠤ ᠬᠤᠵᠠ ᠂ ᠨᠠᠭᠤ ᠨᠠᠷ ᠡᠬᠡ ᠡᠴᠡ ᠪᠡᠨ ᠲᠤᠰᠠᠭᠠᠷᠯᠠᠨ ᠥᠪᠡᠷ ᠥᠪᠡᠷ ᠤ᠋ᠨ ᠤᠷᠲᠤ ᠶ᠋ᠢ ᠪᠠᠢᠭᠤᠯᠤᠨ᠂ ᠥᠪᠡᠷᠰᠡᠳ ᠢ᠋ ᠪᠡᠨ ᠲᠥᠷᠥ ᠶ᠋ᠢᠨ ᠲᠡᠷᠢᠭᠦᠨ ᠭᠡᠮᠡᠨ ᠨᠡᠷᠡᠢᠳᠴᠦ᠂ ᠨᠢᠭᠡᠨ ᠳᠣᠣᠷ᠎ᠠ ᠮᠣᠩᠭᠣᠯ ᠲᠥᠷᠥ ᠭᠤᠷᠪᠠᠨ ᠲᠡᠷᠢᠭᠦᠨ ᠲᠡᠢ ᠪᠣᠯᠪᠠ᠃ ᠲᠡᠳᠡ ᠡᠬᠡ ᠶ᠋ᠢ ᠪᠡᠨ ᠥᠪᠡᠷᠰᠡᠳ ᠲᠤᠨᠢ ᠪᠤᠰᠤ᠂ ᠥᠭᠡᠳᠡᠢ ᠶ᠋ᠢᠨ ᠠᠴᠢ ᠰᠢᠷᠡᠮᠦᠨ ᠳ᠋ᠦ᠍ ᠬᠠᠭᠠᠨ ᠰᠢᠷᠡᠭᠡ ᠶ᠋ᠢ ᠥᠭᠬᠦ ᠰᠠᠨᠠᠭ᠎ᠠ ᠲᠠᠢ ᠪᠠᠢᠭ᠎ᠠ ᠶ᠋ᠢ ᠮᠡᠳᠡᠭᠡᠳ ᠡᠬᠡ ᠶ᠋ᠢᠨ ᠢ᠋ᠶ᠋ᠡᠨ ᠡᠰᠡᠷᠭᠦ ᠬᠠᠷᠠᠨ ᠰᠠᠭᠤᠵᠠᠢ᠃
ᠬᠡᠷᠬᠢᠬᠦ ᠪᠡᠨ ᠮᠡᠳᠡᠬᠦ ᠦᠭᠡᠢ ᠰᠠᠢᠳ ᠲᠦᠰᠢᠮᠡᠳ ᠦᠢᠮᠡᠯᠳᠦᠨ ᠨᠢᠭᠡᠨ ᠵᠡᠷᠭᠡ ᠲᠥᠷᠥ ᠪᠠᠷᠢᠵᠤ ᠪᠣᠢ ᠭᠤᠷᠪᠠᠨ ᠬᠥᠮᠦᠨ ᠦ᠌ ᠠᠯᠢ ᠨᠢ ᠵᠥᠪ ᠵᠦᠢᠲᠡᠢ ᠭᠡᠰᠡᠨ ᠲᠠᠯ᠎ᠠ ᠳ᠋ᠤ᠌ ᠦᠢᠯᠡᠴᠢᠯᠡᠵᠦ᠂ ᠲᠥᠷᠥ ᠶ᠋ᠢᠨ ᠰᠠᠢᠳ ᠲᠦᠰᠢᠮᠡᠳ ᠴᠦ᠍ ᠭᠤᠷᠪᠠᠨ ᠬᠡᠰᠡᠭ ᠬᠤᠪᠢᠶᠠᠭᠳᠠᠭᠠᠳ ᠪᠠᠢᠪᠠ᠃ ᠤᠷᠲᠤ ᠥᠷᠭᠥᠭᠡ ᠪᠡᠨ ᠵᠠᠰᠠᠵᠤ᠂ ᠬᠠᠭᠠᠨᠲᠤ ᠲᠥᠷᠥ ᠶ᠋ᠢᠨ ᠡᠵᠡᠨ ᠭᠡᠮᠡᠨ ᠥᠪᠡᠷ ᠢ᠋ ᠪᠡᠨ ᠵᠠᠷᠯᠠᠭᠰᠠᠨ ᠨᠠᠭᠤ ᠬᠠᠨ ᠬᠦᠦ ᠶ᠋ᠢᠨ ᠦᠷᠭᠦᠭᠡᠨ ᠳ᠋ᠦ᠍ ᠬᠠᠭᠠᠨᠲᠤ ᠲᠥᠷᠥ ᠶ᠋ᠢᠨ ᠬᠡᠳᠦᠨ ᠰᠠᠢᠳ ᠲᠦᠰᠢᠮᠡᠳ ᠪᠠᠢᠪᠠ᠃ ᠨᠠᠭᠤ ᠥᠪᠡᠷ ᠢ᠋ ᠨᠢ ᠳᠠᠭᠠᠨ ᠢᠷᠡᠭᠰᠡᠨ ᠰᠠᠢᠳ ᠲᠦᠰᠢᠮᠡᠳ ᠲᠦ᠍ ᠬᠠᠨᠳᠤᠨ᠂
—ᠥᠭᠡᠳᠡᠢ ᠬᠠᠭᠠᠨ ᠡᠪᠦᠭᠡ ᠶ᠋ᠢᠨ ᠦᠶ᠎ᠡ ᠳ᠋ᠦ᠍ ᠬᠤᠳᠠᠯᠳᠤᠭᠠᠴᠢᠳ ᠤ᠋ᠨ ᠠᠷᠠᠯᠵᠢᠶ᠎ᠠ ᠮᠠᠢᠮᠠᠢ ᠶ᠋ᠢᠨ ᠳᠡᠭᠡᠷ᠎ᠡ ᠠᠷᠪᠠᠨ ᠬᠤᠪᠢ ᠶ᠋ᠢᠨ ᠱᠠᠩ ᠬᠠᠷᠠᠮᠵᠢ ᠥᠭᠴᠦ ᠪᠠᠢᠭᠰᠠᠨ ᠢ᠋ ᠰᠡᠷᠭᠦᠭᠡᠨ ᠠᠷᠠᠯᠵᠢᠶ᠎ᠠ ᠮᠠᠢᠮᠠᠢ ᠳᠡᠭᠡᠷ᠎ᠡ ᠠᠷᠪᠠᠨ ᠬᠤᠪᠢ ᠶ᠋ᠢᠨ ᠱᠠᠩ ᠬᠠᠷᠠᠮᠵᠢ ᠥᠭᠴᠦ ᠲᠣᠷᠭᠠᠨ ᠤ᠋ ᠵᠠᠮ ᠤ᠋ᠨ ᠬᠤᠳᠠᠯᠳᠤᠭᠠᠴᠢᠳ ᠢ᠋ ᠥᠪᠡᠷ ᠲᠡᠭᠡᠨ ᠲᠠᠲᠠᠪᠠᠯ ᠲᠠᠯ᠎ᠠ ᠶ᠋ᠢᠨ ᠮᠣᠩᠭᠣᠯᠴᠤᠳ ᠪᠠᠷᠠᠭ᠎ᠠ ᠲᠠᠸᠠᠷ ᠡᠯᠪᠡᠭ ᠳᠡᠯᠪᠡᠭ ᠪᠣᠯᠵᠤ᠂ ᠲᠠᠪᠠ ᠪᠠᠷ ᠠᠮᠢᠳᠤᠷᠠᠬᠤ ᠪᠣᠯᠤᠮᠵᠢ ᠭᠠᠷᠤᠯ᠎ᠠ ᠭᠡᠮᠡᠨ ᠪᠢᠳᠡᠨ ᠢ᠋ ᠵᠣᠷᠢᠬᠤ ᠪᠤᠰᠤ ᠤᠤ ᠭᠡᠮᠡᠨ ᠠᠰᠠᠭᠤᠬᠤ ᠳ᠋ᠤ᠌ ᠴᠤᠭᠯᠠᠭᠰᠠᠨ ᠰᠠᠢᠳ ᠲᠦᠰᠢᠮᠡᠳ ᠤ᠋ᠨ ᠳᠤᠮᠳᠠ ᠡᠴᠡ ᠨᠢᠭᠡᠨ ᠨᠠᠰᠤᠲᠠᠢ ᠲᠦᠰᠢᠮᠡᠯ᠂
— ᠠᠷᠪᠠᠨ ᠬᠤᠪᠢ ᠶ᠋ᠢᠨ ᠱᠠᠩ ᠬᠠᠷᠠᠮᠵᠢ ᠨᠡᠮᠡᠵᠦ ᠥᠭᠬᠦ ᠳ᠋ᠦ᠍ ᠬᠦᠷᠪᠡᠯ ᠬᠠᠭᠠᠨ ᠤ᠋ ᠰᠠᠩ ᠬᠣᠭᠣᠰᠣᠷᠠᠵᠤ ᠳᠠᠭᠤᠰᠬᠤ ᠲᠤᠯᠠ ᠬᠡᠷᠬᠢᠪᠡᠴᠦ ᠪᠣᠯᠬᠤ ᠦᠭᠡᠢ ᠪᠣᠯᠪᠠ ᠤᠤ ᠬᠡᠮᠡᠪᠡ᠃ ᠨᠠᠭᠤ ᠄
— ᠲᠡᠭᠡᠪᠡᠯ ᠠᠯᠪᠠᠲᠤ ᠢᠷᠭᠡᠳ ᠡᠴᠡ ᠠᠪᠳᠠᠭ ᠲᠠᠲᠠᠪᠤᠷᠢ ᠶ᠋ᠢᠨ ᠬᠡᠮᠵᠢᠶ᠎ᠡ ᠶ᠋ᠢ ᠶᠡᠬᠡᠰᠬᠡᠶᠡ ᠭᠡᠪᠡ᠃ ᠥᠭᠡᠷ᠎ᠡ ᠨᠢᠭᠡ ᠲᠦᠰᠢᠮᠡᠯ᠂
— ᠲᠡᠳᠡᠨ ᠦ᠌ ᠲᠠᠲᠠᠪᠤᠷᠢ ᠶ᠋ᠢᠨ ᠬᠡᠮᠵᠢᠶ᠎ᠡ ᠴᠢᠨᠡᠭᠡᠨ ᠳ᠋ᠡᠭᠡᠨ ᠲᠤᠯᠤᠭᠰᠠᠨ ᠪᠣᠯᠬᠣᠷ ᠪᠢᠳᠡᠨ ᠳ᠋ᠦ᠍ ᠲᠠᠲᠠᠪᠤᠷᠢ ᠥᠭᠴᠦ ᠴᠢᠳᠠᠬᠤ ᠦᠭᠡᠢ ᠰᠥᠬᠥᠷᠡᠨ ᠤᠨᠠᠬᠤ ᠨᠢ ᠳᠠᠮᠵᠢᠭ ᠦᠭᠡᠢ᠃ ᠬᠠᠷᠢᠨ ᠮᠠᠯᠴᠢᠳ ᠡᠴᠡ ᠪᠢᠳᠡ ᠥᠨᠥ ᠶ᠋ᠢ ᠬᠦᠷᠲᠡᠯ᠎ᠡ ᠭᠠᠭᠴᠠᠬᠠᠨ ᠬᠤᠪᠢ ᠶ᠋ᠢᠨ ᠲᠠᠲᠠᠪᠤᠷᠢ ᠠᠪᠤᠭᠰᠠᠭᠠᠷ ᠢᠷᠡᠭᠰᠡᠨ ᠭᠡᠪᠡ᠃ ᠨᠠᠭᠤ ᠨᠢᠳᠦ ᠨᠢ ᠰᠡᠷᠭᠦᠨ ᠮᠥᠨᠥᠬᠢ ᠲᠦᠰᠢᠮᠡᠯ ᠢ᠋ ᠰᠠᠢᠰᠢᠶᠠᠭᠰᠠᠨ ᠬᠠᠷᠠᠴᠠ ᠪᠠᠷ ᠬᠠᠷᠠᠭᠠᠳ᠂
— ᠲᠠᠯ᠎ᠠ ᠨᠤᠲᠤᠭ ᠲᠤ᠌ ᠢᠳᠡᠭᠡᠰᠢᠨ ᠪᠡᠯᠴᠢᠵᠦ᠂ ᠥᠪᠡᠷ ᠢ᠋ᠶ᠋ᠡᠨ ᠥᠰᠴᠦ ᠪᠠᠢᠳᠠᠭ ᠮᠠᠯ ᠰᠦᠷᠦᠭ ᠤ᠋ᠨ ᠡᠵᠡᠳ ᠡᠴᠡ ᠭᠠᠭᠴᠠᠬᠠᠨ ᠬᠤᠪᠢ ᠶ᠋ᠢᠨ ᠲᠠᠲᠠᠪᠤᠷᠢ ᠠᠪᠴᠤ ᠪᠠᠢᠭᠰᠠᠨ ᠨᠢ ᠦᠨᠡᠨ ᠳ᠋ᠡᠭᠡᠨ ᠬᠠᠭᠠᠨ ᠡᠵᠡᠨ ᠦ᠌ ᠠᠯᠳᠠᠭ᠎ᠠ ᠲᠠᠢ ᠰᠢᠢᠳᠪᠦᠷᠢ ᠪᠠᠢᠭᠰᠠᠨ ᠪᠤᠰᠤ ᠤᠤ᠂ ᠡᠨᠡ ᠲᠠᠲᠠᠪᠤᠷᠢ ᠶ᠋ᠢᠨ ᠬᠡᠮᠵᠢᠶ᠎ᠡ ᠶ᠋ᠢ ᠠᠷᠪᠠᠨ ᠬᠤᠪᠢ ᠪᠣᠯᠭᠠᠨ ᠥᠭᠡᠷᠡᠴᠢᠯᠡᠶ᠎ᠡ ᠬᠡᠮᠡᠪᠡ᠃
ᠨᠠᠭᠤ ᠲᠥᠷᠥᠭᠰᠡᠨ ᠴᠠᠭ ᠡᠴᠡ ᠪᠠᠨ ᠬᠣᠢᠰᠢ ᠡᠵᠡᠨᠲᠦ ᠭᠦᠷᠦᠨ ᠦ᠌ ᠪᠠᠶᠠᠨ ᠲᠠᠩᠰᠤᠭ ᠠᠮᠢᠳᠤᠷᠠᠯ ᠤ᠋ᠨ ᠳᠤᠮᠳᠠ ᠡᠷᠬᠡ ᠳᠤᠷ᠎ᠠ ᠪᠠᠷ ᠢ᠋ᠶ᠋ᠠᠨ ᠥᠰᠦᠭᠰᠡᠨ ᠬᠥᠮᠦᠨ ᠲᠤᠯᠠ ᠠᠮᠢᠳᠤᠷᠠᠯ ᠤ᠋ᠨ ᠬᠦᠨᠳᠦ ᠬᠠᠲᠠᠭᠤ᠂ ᠵᠣᠪᠠᠯᠠᠩ ᠪᠡᠷᠬᠡᠰᠢᠶᠡᠯ ᠤ᠋ᠨ ᠲᠤᠬᠠᠢ ᠰᠠᠢᠨ ᠮᠡᠳᠡᠬᠦ ᠦᠭᠡᠢ ᠶ᠋ᠢᠨ ᠳᠡᠭᠡᠷ᠎ᠡ ᠨᠠᠰᠤ ᠵᠠᠯᠠᠭᠤ ᠪᠠᠢᠪᠠ᠃ ᠨᠠᠰᠤᠲᠠᠢ ᠲᠦᠰᠢᠮᠡᠯ ᠨᠠᠭᠤ ᠳ᠋ᠤ᠌ ᠤᠴᠢᠷᠯᠠᠨ᠂
— ᠬᠠᠨ ᠬᠦᠦ ᠮᠢᠨᠢ ᠪᠢᠳᠡ ᠳᠤᠷ᠎ᠠ ᠮᠡᠳᠡᠨ ᠡᠨᠡ ᠰᠢᠢᠳᠪᠦᠷᠢ ᠶ᠋ᠢ ᠭᠠᠷᠭᠠᠬᠤ ᠪᠣᠯᠤᠮᠵᠢ ᠦᠭᠡᠢ᠂ ᠬᠠᠭᠠᠨᠲᠤ ᠲᠥᠷᠥ ᠶ᠋ᠢᠨ ᠬᠠᠰᠪᠤᠤ ᠲᠠᠮᠠᠭ᠎ᠠ ᠬᠠᠲᠤᠨ ᠡᠬᠡ ᠶ᠋ᠢᠨ ᠴᠢᠨᠢ ᠭᠠᠷ ᠲᠤ᠌ ᠪᠠᠢᠭ᠎ᠠ ᠲᠤᠯᠠ ᠪᠢᠳᠡᠨ ᠦ᠌ ᠵᠠᠷᠯᠢᠭ ᠬᠦᠴᠦ ᠲᠡᠭᠦᠯᠳᠡᠷ ᠪᠤᠰᠤ ᠪᠣᠯᠤᠨ᠎ᠠ᠃ ᠠᠮᠠ ᠪᠠᠷ ᠠᠯᠠᠭᠰᠠᠨ ᠠᠩ ᠢ᠋ ᠥᠪᠴᠢᠵᠦ ᠬᠡᠷᠬᠢᠨ ᠪᠣᠯᠬᠤ ᠪᠢᠯᠡ ᠭᠡᠪᠡ᠃
ᠨᠠᠭᠤ ᠂ ᠲᠦᠰᠢᠮᠡᠯ ᠤ᠋ᠨ ᠦᠭᠡ ᠶ᠋ᠢ ᠰᠣᠨᠣᠰᠤᠨ ᠠᠭᠤᠷᠰᠠᠵᠤ ᠭᠠᠵᠠᠷ ᠳᠡᠪᠰᠡᠯᠡᠯᠡ᠃
— ᠬᠠᠲᠤᠨ ᠡᠬᠡ ᠥᠪᠡᠷ ᠤ᠋ᠨ ᠬᠥᠪᠡᠭᠦᠨ ᠢ᠋ᠶ᠋ᠡᠨ ᠬᠥᠮᠦᠨ ᠭᠡᠵᠦ ᠦᠯᠦ ᠲᠣᠭᠣᠨ᠂ ᠬᠦᠴᠦ ᠶ᠋ᠢᠨ ᠬᠦᠦ ᠰᠢᠷᠡᠮᠦᠨ ᠢ᠋ ᠬᠠᠭᠠᠨ ᠰᠠᠭᠤᠯᠭᠠᠬᠤ ᠭᠡᠵᠦ ᠤᠯᠠᠢᠷᠠᠨ ᠪᠠᠢᠭ᠎ᠠ ᠶ᠋ᠢ ᠬᠠᠷᠠᠵᠤ ᠰᠠᠭᠤᠵᠤ ᠲᠡᠪᠴᠢᠬᠦ ᠦᠭᠡᠢ᠂ ᠠᠭᠤᠷ ᠮᠢᠨᠢ ᠪᠠᠷᠠᠭᠳᠠᠵᠤ᠂ ᠠᠭᠤᠰᠬᠢ ᠮᠢᠨᠢ ᠤᠷᠠᠭᠳᠠᠵᠤ ᠪᠠᠢᠨ᠎ᠠ ᠭᠡᠳ ᠬᠠᠰᠬᠢᠷᠤᠯ᠎ᠠ᠃
ᠥᠪᠡᠷ ᠤ᠋ᠨ ᠵᠣᠷᠢᠭ ᠢ᠋ᠶ᠋ᠠᠷ ᠠᠪᠤᠷᠢᠯᠠᠬᠤ ᠬᠥᠮᠦᠨ ᠵᠥᠪᠬᠡᠨ ᠨᠠᠭᠤ ᠪᠠᠷ ᠵᠣᠭᠰᠣᠭᠰᠠᠨ ᠦᠭᠡᠢ᠂ ᠭᠦᠶᠦᠭ ᠤ᠋ᠨ ᠥᠭᠡᠷ᠎ᠡ ᠨᠢᠭᠡᠨ ᠬᠦᠦ ᠬᠤᠵᠠ ᠴᠤ᠌ ᠬᠠᠭᠠᠨ ᠪᠣᠯᠬᠤ ᠬᠦᠰᠡᠯ ᠲᠡᠢ ᠪᠠᠢᠯ᠎ᠠ᠃ ᠬᠤᠵᠠ ᠂ ᠨᠠᠭᠤ ᠶ᠋ᠢ ᠪᠣᠳᠣᠪᠠᠯ ᠪᠠᠭ᠎ᠠ ᠡᠴᠡ ᠡᠷᠳᠡᠮ ᠨᠣᠮ ᠤ᠋ᠨ ᠳᠠᠭᠤ ᠶ᠋ᠢ ᠰᠣᠨᠣᠰᠤᠭᠰᠠᠨ ᠡᠮᠡᠭᠡ ᠡᠬᠡ ᠲᠥᠷᠭᠡᠨ᠎ᠡ ᠬᠠᠲᠤᠨ ᠤ᠋ ᠬᠠᠮᠲᠤ ᠪᠠᠷ ᠳ᠋ᠣᠣ ᠶ᠋ᠢᠨ ᠰᠦᠮ᠎ᠡ ᠳᠤᠭᠠᠩ ᠢ᠋ ᠳᠠᠮᠵᠢᠨ ᠰᠤᠷᠭᠠᠯ᠂ ᠨᠣᠮᠯᠠᠯ ᠢ᠋ ᠨᠢ ᠳᠠᠭᠠᠨ ᠥᠰᠦᠭᠰᠡᠨ ᠠᠵᠢ᠃ ᠭᠡᠪᠡᠴᠦ ᠥᠪᠡᠷ ᠢ᠋ ᠨᠢ ᠬᠥᠮᠦᠨ ᠭᠡᠵᠦ ᠦᠯᠦ ᠲᠣᠭᠣᠨ᠂ ᠥᠷᠥᠨ ᠡᠴᠡ ᠪᠡᠨ ᠤᠨᠠᠭᠰᠠᠨ ᠬᠡᠦᠬᠡᠳ ᠲᠦ᠍ ᠪᠤᠰᠤ᠂ ᠥᠭᠡᠷ᠎ᠡ ᠬᠥᠮᠦᠨ ᠳ᠋ᠦ᠍ ᠬᠠᠭᠠᠨ ᠰᠢᠷᠡᠭᠡ ᠶ᠋ᠢ ᠥᠭᠬᠦ ᠭᠡᠰᠡᠨ ᠡᠬᠡ ᠶ᠋ᠢᠨ ᠢ᠋ᠶ᠋ᠡᠨ ᠰᠠᠨᠠᠯ ᠢ᠋ ᠳᠡᠮᠵᠢᠬᠦ ᠦᠭᠡᠢ ᠳ᠋ᠡᠭᠡᠨ ᠡᠰᠡᠷᠭᠦᠴᠡᠨ ᠪᠣᠰᠤᠭᠰᠠᠨ ᠪᠠᠢᠪᠠ᠃
ᠪᠠᠯᠬᠠᠱ ᠨᠠᠭᠤᠷ ᠤ᠋ᠨ ᠡᠷᠭᠢ ᠳᠡᠭᠡᠷ᠎ᠡ ᠡᠴᠡ ᠨᠡᠭᠦᠳᠡᠯᠯᠡᠨ ᠬᠠᠷᠠᠬᠣᠷᠣᠮ ᠳ᠋ᠤ᠌ ᠢᠷᠡᠭᠰᠡᠨ ᠤᠭᠤᠯ ᠬᠠᠢᠮᠢᠱ ᠶᠡᠬᠡ ᠬᠠᠲᠤᠨ ᠤ᠋ ᠦᠷᠭᠦᠭᠡᠨ ᠳ᠋ᠦ᠍ ᠡᠳᠦᠭᠡ ᠬᠣᠶᠠᠷ᠂ ᠭᠤᠷᠪᠠ ᠬᠤᠪᠢᠶᠠᠭᠳᠠᠭᠰᠠᠨ ᠲᠥᠷᠥ ᠳ᠋ᠦ᠍ ᠬᠠᠮᠢᠭ᠎ᠠ ᠣᠴᠢᠬᠤ ᠪᠠᠨ ᠮᠡᠳᠡᠬᠦ ᠦᠭᠡᠢ ᠲᠥᠭᠡᠷᠢᠭᠰᠡᠨ ᠲᠥᠷᠥ ᠶ᠋ᠢᠨ ᠵᠠᠷᠢᠮ ᠶᠡᠬᠡᠰ ᠳᠡᠭᠡᠳᠦᠰ᠂ ᠰᠠᠢᠳ ᠲᠦᠰᠢᠮᠡᠳ ᠴᠤᠭᠯᠠᠭᠰᠠᠨ ᠪᠠᠢᠪᠠ᠃ ᠲᠡᠳᠡᠨ ᠦ᠌ ᠳᠤᠮᠳᠠ ᠪᠠᠰᠠ ᠨᠢᠭᠡᠨ ᠡᠮᠡᠭᠲᠡᠢ ᠪᠠᠢᠭᠰᠠᠨ ᠨᠢ ᠥᠭᠡᠳᠡᠢ ᠬᠠᠭᠠᠨ ᠤ᠋ ᠲᠩᠷᠢ ᠪᠣᠯᠤᠭᠰᠠᠨ ᠬᠦᠦ ᠬᠦᠴᠦ ᠶ᠋ᠢᠨ ᠡᠬᠡᠨᠡᠷ ᠬᠠᠳᠠᠭᠴᠢ ᠪᠠᠢᠪᠠ᠃ ᠣᠭᠤᠯ ᠬᠠᠢᠮᠢᠱ ᠬᠠᠲᠤᠨ ᠶᠡᠬᠡᠳᠡ ᠪᠣᠬᠢᠮᠳᠤᠯ ᠲᠠᠢ ᠰᠠᠭᠤᠨ᠎ᠠ᠃ ᠲᠡᠷᠡ ᠭᠠᠷ ᠲᠠᠭᠠᠨ ᠪᠠᠷᠢᠭᠰᠠᠨ ᠴᠠᠭᠠᠰᠤ ᠶ᠋ᠢ ᠡᠷᠭᠦᠨ᠄
— ᠮᠢᠨᠦ ᠬᠦᠦ ᠨᠠᠭᠤ ᠨᠠᠳᠠ ᠳ᠋ᠤ᠌ ᠡᠭᠦᠨ ᠢ᠋ ᠢᠯᠡᠭᠡᠵᠡᠢ᠃ ᠲᠠᠯ᠎ᠠ ᠨᠤᠲᠤᠭ ᠤ᠋ᠨ ᠠᠮᠢ ᠠᠮᠢᠳᠤᠷᠠᠯ ᠪᠣᠯ ᠮᠠᠯ ᠰᠦᠷᠦᠭ᠂ ᠶᠡᠬᠡ ᠡᠵᠡᠨ ᠴᠢᠩᠭᠢᠰ ᠬᠠᠭᠠᠨ ᠤ᠋ ᠦᠶ᠎ᠡ ᠡᠴᠡ ᠮᠠᠯ᠂ ᠮᠠᠯᠴᠢᠳ ᠢ᠋ ᠲᠡᠳᠬᠦᠨ ᠳᠡᠮᠵᠢᠬᠦ ᠪᠣᠳᠣᠯᠭ᠎ᠠ ᠶᠠᠪᠤᠭᠤᠯᠵᠤ᠂ ᠲᠡᠳᠡᠨ ᠡᠴᠡ ᠠᠪᠬᠤ ᠲᠠᠲᠠᠪᠤᠷᠢ ᠶ᠋ᠢ ᠴᠢᠯᠥᠭᠡᠯᠡᠵᠦ ᠭᠠᠭᠴᠠ ᠬᠤᠪᠢ ᠪᠣᠯᠭᠠᠭᠰᠠᠨ᠂ ᠡᠨᠡ ᠵᠠᠷᠯᠢᠭ ᠢ᠋ ᠬᠡᠨ ᠴᠦ᠍ ᠬᠡᠵᠢᠶ᠎ᠡ ᠴᠦ᠍ ᠵᠥᠷᠢᠴᠡᠵᠦ ᠪᠠᠢᠭᠰᠠᠨ ᠤᠳᠠᠭ᠎ᠠ ᠦᠭᠡᠢ᠃ ᠬᠠᠷᠢᠨ ᠥᠨᠥ ᠮᠢᠨᠦ ᠦᠷ᠎ᠡ ᠬᠡᠦᠬᠡᠳ ᠤᠳ ᠳᠤᠷ᠎ᠠ ᠮᠡᠳᠡᠨ ᠥᠭᠡᠷᠡᠴᠢᠯᠡᠵᠦ᠂ ᠲᠥᠷᠥ ᠶ᠋ᠢᠨ ᠲᠠᠮᠠᠭ᠎ᠠ ᠳᠠᠷᠤᠬᠤ ᠪᠠᠷ ᠲᠤᠰᠢᠶᠠᠨ ᠢᠯᠡᠭᠡᠭᠰᠡᠨ ᠪᠠᠢᠨ᠎ᠠ᠃ ᠪᠢ ᠡᠨᠡ ᠪᠢᠴᠢᠭ ᠢ᠋ ᠬᠠᠷᠠᠭᠠᠳ᠂ ᠥᠪᠡᠷ ᠤ᠋ᠨ ᠬᠥᠪᠡᠭᠦᠳ ᠢ᠋ᠶ᠋ᠡᠨ ᠡᠬᠡ ᠶ᠋ᠢᠨ ᠡᠰᠡᠷᠭᠦ ᠳᠤᠷ᠎ᠠ ᠪᠠᠷ ᠠᠪᠤᠷᠢᠯᠠᠨ ᠪᠠᠢᠭ᠎ᠠ ᠶ᠋ᠢᠨ ᠤᠴᠢᠷ ᠢ᠋ ᠦᠯᠦ ᠣᠢᠯᠠᠭᠠᠬᠤ ᠳ᠋ᠠᠭᠠᠨ ᠭᠠᠢᠬᠠᠨ ᠪᠠᠴᠢᠮᠳᠠᠵᠤ ᠰᠠᠭᠤᠨ᠎ᠠ ᠭᠡᠪᠡ᠃
ᠰᠠᠢᠳ ᠤ᠋ᠳ ᠤ᠋ᠨ ᠳᠤᠮᠳᠠ ᠡᠴᠡ ᠨᠢᠭᠡᠨ ᠰᠠᠢᠳ ᠬᠣᠭᠣᠯᠠᠢ ᠪᠠᠨ ᠵᠠᠰᠠᠨ᠂
— ᠬᠥᠪᠡᠭᠦᠳ ᠥᠭᠡᠷ᠎ᠡ ᠥᠭᠡᠷ᠎ᠡ ᠵᠦᠭ ᠲᠦ᠍ ᠬᠠᠷᠠᠨ ᠰᠠᠭᠤᠭᠰᠠᠨ ᠨᠢ ᠬᠠᠲᠤᠨ ᠲᠠᠨ ᠢ᠋ ᠥᠨᠥ ᠥᠪᠡᠷ ᠤ᠋ᠨ ᠬᠥᠪᠡᠭᠦᠳ ᠡᠴᠡ ᠪᠤᠰᠤ᠂ ᠬᠦᠴᠦ ᠶ᠋ᠢᠨ ᠬᠦᠦ ᠰᠢᠷᠡᠮᠦᠨ ᠢ᠋ ᠬᠠᠭᠠᠨ ᠰᠠᠭᠤᠯᠭᠠᠬᠤ ᠭᠡᠰᠡᠨ ᠦ᠌ ᠤᠴᠢᠷ ᠢᠩᠭᠢᠵᠦ ᠪᠠᠢᠭ᠎ᠠ ᠬᠡᠷᠡᠭ ᠭᠡᠪᠡ᠃ ᠬᠦᠴᠦ ᠶ᠋ᠢᠨ ᠡᠬᠡᠨᠡᠷ ᠬᠠᠳᠠᠭᠴᠢ᠂
ᠤᠭᠤᠯ ᠬᠠᠢᠮᠢᠱ ᠤ᠋ᠨ ᠵᠦᠭ ᠠᠶᠤᠭᠰᠠᠨ ᠨᠢᠳᠦ ᠪᠡᠷ ᠬᠠᠷᠠᠵᠤ᠂
— ᠬᠠᠲᠤᠨ ᠲᠠᠨ ᠤ᠋ ᠭᠠᠷ ᠲᠤ᠌ ᠪᠠᠢᠭ᠎ᠠ ᠲᠥᠷᠥ ᠶ᠋ᠢᠨ ᠲᠠᠮᠠᠭᠠᠨ ᠳ᠋ᠤ᠌ ᠡᠵᠡᠨ ᠰᠠᠭᠤᠬᠤ ᠬᠦᠰᠡᠯ ᠬᠥᠮᠦᠨ ᠪᠦᠷᠢ ᠶ᠋ᠢᠨ ᠵᠢᠷᠦᠬᠡᠨ ᠳ᠋ᠦ᠍ ᠠᠰᠠᠭᠰᠠᠨ ᠭᠠᠯ ᠱᠢᠭ᠋ ᠳᠦᠷᠡᠯᠵᠡᠵᠦ ᠪᠠᠢᠭ᠎ᠠ ᠨᠢ ᠠᠢᠳᠠᠰ ᠬᠦᠷᠭᠡᠨ᠎ᠡ᠃ ᠥᠨᠥ ᠪᠢ ᠥᠪᠡᠷ ᠤ᠋ᠨ ᠬᠦᠦ ᠰᠢᠷᠡᠮᠦᠨ ᠦ᠌ ᠡᠮᠦᠨ᠎ᠡ ᠡᠴᠡ ᠡᠮᠢᠶᠡᠨ ᠰᠠᠭᠤᠨ᠎ᠠ ᠭᠡᠵᠦ ᠬᠡᠯᠡᠯ᠎ᠡ᠃ ᠤᠭᠤᠯ ᠬᠠᠢᠮᠢᠱ᠄
— ᠮᠢᠨᠦ ᠬᠥᠪᠡᠭᠦᠳ ᠪᠠᠭ᠎ᠠ ᠵᠠᠯᠠᠭᠤ ᠪᠠᠢᠨ᠎ᠠ᠃ ᠠᠮᠢᠳᠤᠷᠠᠯ ᠤ᠋ᠨ ᠦᠨᠡᠨ ᠤᠴᠢᠷ ᠢ᠋ ᠥᠨᠥ ᠪᠣᠯᠲᠠᠯ᠎ᠠ ᠭᠦᠢᠴᠡᠳ ᠣᠢᠯᠠᠭᠠᠭ᠎ᠠ ᠦᠭᠡᠢ ᠪᠠᠢᠵᠤ᠂ ᠲᠥᠷᠥ ᠶ᠋ᠢᠨ ᠤᠴᠢᠷ ᠢ᠋ ᠣᠯᠤᠨ᠎ᠠ ᠭᠡᠵᠦ ᠬᠠᠮᠢᠭ᠎ᠠ ᠪᠠᠢᠬᠤ ᠪᠣᠢ᠃ ᠥᠨᠥ ᠮᠠᠯᠴᠢᠳ ᠡᠴᠡ ᠲᠠᠲᠠᠪᠤᠷᠢ ᠠᠪᠤᠶ᠎ᠠ ᠭᠡᠵᠦ ᠬᠡᠯᠡᠵᠦ ᠪᠠᠢᠨ᠎ᠠ᠃ ᠮᠣᠩᠭᠣᠯᠴᠤᠳ ᠪᠤᠰᠤᠳ ᠤ᠋ᠨ ᠭᠠᠵᠠᠷ ᠣᠷᠣᠨ ᠢ᠋ ᠥᠪᠡᠷ ᠤ᠋ᠨ ᠬᠦᠴᠦ ᠪᠡᠷ ᠪᠠᠢᠯᠳᠤᠨ ᠡᠵᠡᠯᠡᠵᠦ᠂ ᠬᠦᠴᠦ ᠪᠡᠨ ᠵᠤᠵᠠᠭᠠᠳᠬᠠᠵᠤ ᠪᠠᠢᠭᠰᠠᠨ ᠡᠴᠡ ᠥᠪᠡᠷ ᠤ᠋ᠨ ᠡᠪᠦᠷ ᠢ᠋ ᠤᠬᠤᠵᠤ ᠪᠠᠢᠭᠰᠠᠨ ᠤᠳᠠᠭ᠎ᠠ ᠦᠭᠡᠢ᠃ ᠥᠭᠡᠳᠡᠢ ᠬᠠᠭᠠᠨ ᠠᠮᠢᠳᠤ ᠰᠡᠷᠡᠭᠦᠨ ᠳ᠋ᠡᠭᠡᠨ ᠨᠡᠷ᠎ᠡ ᠵᠢᠭᠠᠨ ᠥᠭᠦᠯᠡᠵᠦ ᠪᠠᠢᠭᠰᠠᠨ ᠰᠢᠷᠡᠮᠦᠨ ᠡᠳᠦᠭᠡ ᠨᠠᠰᠤ ᠤᠬᠠᠭᠠᠨ ᠰᠠᠭᠤᠵᠤ᠂ ᠲᠥᠷᠥ ᠶ᠋ᠢᠨ ᠬᠡᠷᠡᠭ ᠢ᠋ ᠵᠠᠯᠠᠨ ᠶᠠᠪᠤᠬᠤ ᠣᠶᠤᠨ ᠪᠣᠳᠣᠯ ᠲᠡᠭᠦᠯᠳᠡᠷ ᠪᠣᠯᠤᠭᠰᠠᠨ ᠤ᠋ ᠲᠤᠯᠠ ᠪᠢ ᠢᠩᠭᠢᠵᠦ ᠰᠢᠢᠳᠦᠭᠰᠡᠨ ᠠᠲᠠᠯ᠎ᠠ ᠮᠢᠨᠦ ᠬᠥᠪᠡᠭᠦᠳ ᠥᠪᠡᠷ ᠥᠪᠡᠷ ᠤ᠋ᠨ ᠵᠦᠭ ᠲᠦ᠍ ᠬᠠᠷᠠᠨ ᠰᠠᠭᠤᠵᠤ ᠡᠬᠡ ᠮᠢᠨᠦ ᠦᠭᠡ ᠶ᠋ᠢ ᠡᠰᠡ ᠳᠤᠭᠤᠯᠪᠠ᠃ ᠪᠢ ᠡᠬᠡ ᠬᠥᠮᠦᠨ ᠦ᠌ ᠶᠣᠰᠣ ᠪᠠᠷ ᠥᠪᠡᠷ ᠤ᠋ᠨ ᠦᠷ᠎ᠡ ᠬᠡᠦᠬᠡᠳ ᠲᠦ᠍ ᠬᠠᠭᠠᠨ ᠰᠢᠷᠡᠭᠡ ᠵᠠᠯᠭᠠᠭᠤᠯᠬᠤ ᠶ᠋ᠢ ᠬᠦᠰᠡᠬᠦ ᠦᠭᠡᠢ ᠶᠠᠭᠠᠬᠢᠬᠤ ᠪᠢᠯᠡ᠃ ᠭᠡᠪᠡᠴᠦ ᠮᠢᠨᠦ ᠬᠡᠦᠬᠡᠳ ᠤᠳ ᠬᠠᠭᠠᠨ ᠤ᠋ ᠦᠷ᠎ᠡ ᠬᠡᠳᠦᠢ ᠴᠦ᠍ ᠬᠠᠭᠠᠨ ᠰᠢᠷᠡᠭᠡ ᠵᠠᠯᠭᠠᠬᠤ ᠤᠬᠠᠭᠠᠨ᠂ ᠬᠦᠴᠦ ᠳᠤᠲᠠᠭᠤ ᠨᠢ ᠮᠢᠨᠦ ᠮᠠᠭᠤ ᠡᠴᠡ ᠪᠣᠯᠤᠭᠰᠠᠨ ᠬᠡᠷᠡᠭ᠃ ᠰᠢᠷᠡᠮᠦᠨ ᠢ᠋ ᠬᠠᠭᠠᠨ ᠡᠷᠭᠦᠮᠵᠢᠯᠡᠶᠡ ᠭᠡᠵᠦ ᠬᠡᠯᠡᠬᠦ ᠲᠡᠳᠦᠢ ᠳ᠋ᠦ᠍ ᠲᠡᠳᠡ ᠡᠬᠡ ᠡᠴᠡ ᠪᠡᠨ ᠪᠤᠷᠤᠭᠤ ᠬᠠᠷᠠᠨ ᠰᠠᠭᠤᠵᠤ᠂ ᠥᠪᠡᠷ ᠥᠪᠡᠷ ᠤ᠋ᠨ ᠳᠤᠷ᠎ᠠ ᠪᠠᠷ ᠠᠭᠠᠰᠢᠯᠠᠬᠤ ᠪᠣᠯᠤᠯ᠎ᠠ᠃ ᠢᠩᠭᠢᠵᠦ ᠠᠭᠠᠰᠢᠯᠠᠵᠤ ᠳᠤᠷ᠎ᠠ ᠪᠠᠷ ᠠᠪᠤᠷᠢᠯᠠᠨ ᠪᠠᠢᠭ᠎ᠠ ᠬᠥᠮᠦᠰ ᠶᠡᠬᠡ ᠲᠥᠷᠥ ᠶ᠋ᠢᠨ ᠡᠵᠡᠨ ᠪᠣᠯᠤᠭᠠᠳ ᠴᠣᠬᠣᠮ ᠶᠠᠭᠤ ᠪᠣᠯᠬᠤ ᠪᠣᠢ ᠭᠡᠮᠡᠨ ᠤᠭᠤᠯ ᠬᠠᠢᠮᠢᠱ ᠬᠠᠲᠤᠨ ᠠᠷᠭ᠎ᠠ ᠤᠬᠠᠭᠠᠨ ᠢ᠋ᠶ᠋ᠠᠨ ᠪᠠᠷᠠᠨ ᠥᠭᠦᠯᠡᠯ᠎ᠡ᠃
ᠮᠥᠨᠥᠬᠢ ᠰᠠᠢᠳ ᠨᠠᠮᠤᠭᠤᠨ ᠳᠠᠭᠤ ᠪᠠᠷ᠂
— ᠬᠠᠭᠠᠨᠲᠤ ᠲᠥᠷᠥ ᠡᠵᠡᠨ ᠦᠭᠡᠢ ᠤᠳᠠᠵᠤ ᠪᠣᠯᠬᠤ ᠦᠭᠡᠢ ᠲᠤᠯᠠ ᠬᠠᠲᠤᠨ ᠳᠠᠷᠤᠢ ᠰᠢᠢᠳ ᠭᠠᠷᠭᠠᠵᠤ ᠳᠠᠷᠠᠭ᠎ᠠ ᠶ᠋ᠢᠨ ᠬᠠᠭᠠᠨ ᠢ᠋ ᠨᠠᠷᠠᠯᠠᠨ ᠬᠤᠷᠠᠯᠳᠠᠢ ᠵᠠᠷᠯᠠᠭᠤᠯᠬᠤ ᠴᠠᠭ ᠪᠣᠯᠤᠭᠰᠠᠨ ᠪᠣᠯᠪᠠ ᠤᠤ ᠬᠡᠮᠡᠪᠡ᠃ ᠤᠭᠤᠯ ᠬᠠᠢᠮᠢᠱ ᠬᠠᠲᠤᠨ᠄
— ᠪᠢᠳᠡ ᠬᠤᠷᠠᠯᠲᠠᠢ ᠵᠠᠷᠯᠠᠬᠤ ᠴᠠᠭ ᠪᠣᠯᠤᠭᠰᠠᠨ᠂ ᠨᠢᠭᠡ ᠡᠬᠡ ᠡᠴᠡ ᠲᠥᠷᠥᠭᠰᠡᠨ ᠴᠤ᠌ ᠨᠢᠭᠡ ᠳᠡᠭᠡᠪᠦᠷ ᠳᠣᠣᠷ᠎ᠠ ᠨᠡᠢᠯᠡᠳᠡᠭ ᠦᠭᠡᠢ ᠲᠡᠳᠡᠨ ᠲᠡᠢ ᠨᠢᠭᠤᠷ ᠲᠤᠯᠤᠨ ᠶᠠᠷᠢᠯᠴᠠᠬᠤ ᠴᠠᠭ ᠪᠣᠯᠵᠠᠢ᠃ ᠲᠡᠷᠡ ᠨᠢᠭᠡ ᠡᠳᠦᠷ ᠴᠢᠩᠭᠢᠰ ᠬᠠᠭᠠᠨ ᠳᠠᠷᠠᠭ᠎ᠠ ᠶ᠋ᠢᠨ ᠣᠷᠣ ᠵᠠᠯᠭᠠᠭᠴᠢ ᠪᠠᠷ ᠬᠡᠯᠡᠯᠴᠡᠵᠦ ᠪᠠᠢᠬᠤ ᠳ᠋ᠤ᠌ ᠵᠥᠴᠢ᠂ ᠴᠠᠭᠠᠲᠠᠢ ᠨᠠᠷ ᠬᠣᠭᠣᠷᠣᠨᠳᠣ ᠪᠠᠨ ᠠᠮᠠ ᠮᠤᠷᠤᠢᠵᠤ ᠡᠷᠲᠡᠨ ᠦ᠌ ᠶᠠᠪᠤᠳᠠᠯ ᠢ᠋ ᠰᠡᠬᠦᠨ ᠪᠠᠢᠭᠰᠠᠨ ᠴᠤ᠌ ᠴᠢᠩᠭᠢᠰ ᠬᠠᠭᠠᠨ ᠰᠢᠢᠳᠪᠦᠷᠢ ᠪᠡᠨ ᠭᠠᠷᠭᠠᠵᠤ᠂ ᠲᠡᠳᠡᠨ ᠦ᠌ ᠬᠡᠨ ᠳ᠋ᠦ᠍ᠨᠢ ᠴᠤ᠌ ᠪᠤᠰᠤ ᠥᠭᠡᠳᠡᠢ ᠳ᠋ᠦ᠍ ᠬᠠᠭᠠᠨ ᠰᠢᠷᠡᠭᠡ ᠶ᠋ᠢ ᠦᠯᠡᠳᠡᠭᠡᠵᠦ ᠪᠠᠢᠭᠰᠠᠨ ᠪᠣᠯ ᠥᠨᠥ ᠢᠩᠭᠢᠵᠦ ᠮᠠᠭᠤᠳᠠᠯᠴᠠᠬᠤ ᠬᠥᠮᠦᠰ ᠲᠡᠳᠡᠨ ᠡᠴᠡ ᠴᠤ᠌ ᠣᠯᠠᠨ ᠪᠣᠯᠵᠠᠢ᠃ ᠡᠨᠡ ᠮᠠᠷᠭᠤᠭᠠᠨ ᠢ᠋ ᠰᠢᠢᠳᠬᠦ ᠬᠥᠮᠦᠨ ᠬᠡᠨ ᠪᠢᠯᠡ᠃ ᠠᠬᠠᠮᠠᠳ ᠬᠥᠮᠦᠨ ᠪᠠᠲᠤ ᠡᠴᠡ ᠳᠡᠮᠵᠢᠯᠭᠡ ᠠᠪᠬᠤ ᠶ᠋ᠢ ᠬᠦᠰᠡᠭᠰᠡᠨ ᠴᠤ᠌ ᠲᠡᠷᠡ ᠪᠢᠳᠡᠨ ᠦ᠌ ᠲᠠᠯ᠎ᠠ ᠳ᠋ᠤ᠌ ᠪᠠᠢᠬᠤ ᠡᠰᠡᠬᠦ ᠨᠢ ᠡᠷᠡᠭᠡᠯᠵᠡᠭᠡ ᠲᠡᠢ ᠃ᠬᠡᠷᠬᠢᠬᠦ ᠪᠢᠯᠡ ᠬᠡᠮᠡᠪᠡ᠃
ᠰᠤᠷᠬᠠᠭᠳᠠᠨᠢ ᠬᠠᠲᠤᠨ ᠤᠷᠲᠤ ᠦᠷᠭᠦᠭᠡᠨ ᠳ᠋ᠡᠭᠡᠨ ᠬᠦᠦ ᠮᠥᠩᠬᠡ ᠶ᠋ᠢ ᠳᠠᠭᠤᠳᠠᠭᠤᠯᠤᠭᠰᠠᠨ ᠪᠠᠢᠪᠠ᠃ ᠬᠠᠲᠤᠨ ᠤ᠋ ᠡᠮᠦᠨᠡᠬᠢ ᠰᠢᠷᠡᠭᠡᠨ ᠳᠡᠭᠡᠷ᠎ᠡ ᠬᠤᠢᠯᠠᠭᠠᠰᠤᠲᠠᠢ ᠭᠤᠷᠪᠠᠨ ᠲᠤᠰ ᠲᠠᠭᠠᠨ ᠴᠠᠭᠠᠰᠤ ᠬᠠᠷᠠᠭᠳᠠᠨ᠎ᠠ᠃ ᠰᠤᠷᠬᠠᠭᠳᠠᠨᠢ ᠮᠥᠩᠬᠡ ᠶ᠋ᠢᠨ ᠣᠷᠣᠵᠤ ᠢᠷᠡᠬᠦ ᠶ᠋ᠢ ᠬᠠᠷᠠᠭᠠᠳ ᠲᠡᠳᠡᠨ ᠢ᠋ ᠳᠡᠯᠭᠡᠨ ᠬᠦᠦ ᠳ᠋ᠡᠭᠡᠨ ᠥᠭᠴᠦ ᠤᠩᠰᠢᠭᠤᠯᠤᠯᠠ᠃ ᠮᠥᠩᠬᠡ ᠲᠡᠳᠡᠭᠡᠷ ᠢ᠋ ᠨᠢᠭᠡ ᠨᠢᠭᠡ ᠪᠡᠷ ᠨᠢ ᠭᠦᠶᠦᠯᠭᠡᠨ ᠤᠩᠰᠢᠵᠤ᠂ᠡᠷᠭᠢᠭᠦᠯᠵᠦ ᠲᠣᠭᠣᠷᠢᠭᠤᠯᠤᠨ ᠬᠠᠷᠠᠭᠠᠳ᠂
—ᠨᠢᠭᠡ ᠭᠠᠵᠠᠷ ᠲᠤ᠌ ᠣᠴᠢᠭᠰᠠᠨ ᠭᠤᠷᠪᠠᠨ ᠥᠭᠡᠷ᠎ᠡ ᠵᠠᠷᠯᠢᠭ ᠤ᠋ᠨ ᠪᠢᠴᠢᠭ ᠪᠠᠢᠬᠤ ᠴᠢᠨᠢ ᠭᠡᠵᠦ ᠬᠡᠯᠡᠪᠡ᠃ ᠰᠤᠷᠬᠠᠭᠳᠠᠨᠢ ᠬᠠᠲᠤᠨ ᠲᠣᠯᠣᠭᠠᠢ ᠳᠣᠬᠢᠵᠤ᠂ ᠮᠥᠩᠬᠡ ᠶ᠋ᠢᠨ ᠭᠠᠷ ᠲᠤ᠌ ᠪᠠᠢᠬᠤ ᠪᠢᠴᠢᠭ ᠢ᠋ ᠵᠢᠭᠠᠨ᠂
—ᠡᠵᠡᠨᠲᠦ ᠤᠯᠤᠰ ᠡᠴᠡ ᠨᠢᠭᠡ ᠭᠠᠵᠠᠷ ᠲᠤ᠌ ᠬᠦᠷᠭᠡᠭᠳᠡᠨ ᠣᠴᠢᠭᠰᠠᠨ ᠵᠠᠷᠯᠢᠭ ᠤ᠋ᠨ ᠪᠢᠴᠢᠭ᠃ᠭᠡᠪᠡᠴᠦ ᠭᠤᠷᠪᠠᠭᠤᠯᠠ ᠨᠢᠭᠡ ᠶᠠᠭᠤᠮᠠᠨ ᠤ᠋ ᠲᠤᠬᠠᠢ ᠥᠭᠡᠷ᠎ᠡ ᠥᠭᠡᠷ᠎ᠡ ᠵᠦᠢᠯ ᠢ᠋ ᠥᠭᠦᠯᠡᠵᠡᠢ᠃ᠬᠠᠷᠢᠶᠠᠲᠤ ᠠᠯᠪᠠᠲᠤ ᠡᠴᠡ ᠠᠪᠬᠤ ᠲᠠᠲᠠᠪᠤᠷᠢ ᠪᠣᠯᠤᠨ ᠭᠠᠵᠠᠷ ᠣᠷᠣᠨ ᠢ᠋ ᠨᠢ ᠵᠠᠬᠢᠷᠤᠨ ᠰᠠᠭᠤᠬᠤ ᠰᠢᠨ᠎ᠡ ᠡᠵᠡᠨ ᠢ᠋ ᠲᠣᠮᠢᠯᠠᠭᠰᠠᠨ ᠭᠤᠷᠪᠠᠨ ᠥᠭᠡᠷ᠎ᠡ ᠲᠣᠮᠢᠯᠠᠯᠲᠠ᠂ ᠵᠠᠷᠯᠢᠭ ᠲᠤᠯᠠ ᠲᠡᠳᠡ ᠬᠡᠷᠬᠢᠬᠦ ᠪᠡᠨ ᠮᠡᠳᠡᠬᠦ ᠦᠭᠡᠢ ᠨᠠᠳᠠ ᠳ᠋ᠤ᠌ ᠡᠭᠦᠨ ᠢ᠋ ᠢᠯᠡᠭᠡᠵᠡᠢ ᠬᠡᠮᠡᠪᠡ᠃
ᠬᠠᠭᠠᠨᠲᠤ ᠲᠥᠷᠥ ᠶ᠋ᠢᠨ ᠨᠡᠷ᠎ᠡ ᠶ᠋ᠢᠨ ᠡᠮᠦᠨ᠎ᠡ ᠡᠴᠡ ᠡᠵᠡᠨᠲᠦ ᠭᠦᠷᠦᠨ ᠦ᠌ ᠵᠠᠬ᠎ᠠ ᠬᠠᠶᠠᠭᠠᠨ ᠳ᠋ᠤ᠌ ᠰᠠᠭᠤᠭ᠎ᠠ ᠠᠯᠪᠠᠲᠠᠨ ᠨᠤᠭᠤᠳ ᠲᠤ᠌ ᠬᠦᠷᠭᠡᠭᠳᠡᠨ ᠣᠴᠢᠭᠰᠠᠨ ᠡᠨᠡ ᠪᠢᠴᠢᠭ ᠲᠦ᠍ ᠲᠤᠬᠠᠢ ᠶ᠋ᠢᠨ ᠭᠠᠵᠠᠷ ᠣᠷᠣᠨ ᠢ᠋ ᠵᠠᠬᠢᠷᠤᠨ ᠰᠠᠭᠤᠬᠤ ᠰᠢᠨ᠎ᠡ ᠡᠵᠡᠨ ᠢ᠋ ᠲᠣᠮᠢᠯᠠᠨ ᠭᠤᠷᠪᠠᠨ ᠥᠭᠡᠷ᠎ᠡ ᠬᠥᠮᠦᠨ ᠢ᠋ ᠢᠯᠡᠭᠡᠵᠦ᠂ ᠠᠯᠪᠠᠲᠤ ᠠᠷᠠᠳ ᠡᠴᠡ ᠠᠪᠬᠤ ᠲᠠᠲᠠᠪᠤᠷᠢ ᠶ᠋ᠢᠨ ᠬᠡᠮᠵᠢᠶ᠎ᠡ ᠶ᠋ᠢ ᠭᠤᠷᠪᠠᠨ ᠥᠭᠡᠷ᠎ᠡ ᠪᠡᠷ ᠵᠢᠭᠠᠭᠰᠠᠨ ᠪᠠᠢᠪᠠ᠃ ᠮᠥᠩᠬᠡ ᠳᠠᠬᠢᠨ ᠵᠠᠷᠯᠢᠭ ᠤ᠋ᠨ ᠪᠢᠴᠢᠭ ᠢ᠋ ᠤᠩᠰᠢᠵᠤ ᠳᠠᠭᠤᠰᠬᠤ ᠳ᠋ᠤ᠌ ᠡᠬᠡ ᠨᠢ᠄
—ᠾᠧᠪᠧᠢ ᠳ᠋ᠦ᠍ ᠰᠠᠭᠤᠭ᠎ᠠ ᠠᠯᠪᠠᠲᠤ ᠨᠤᠭᠤᠳ ᠬᠦᠯᠢᠶᠡᠨ ᠠᠪᠤᠭᠰᠠᠨ ᠵᠠᠷᠯᠢᠭ ᠤ᠋ᠨ ᠪᠢᠴᠢᠭ ᠢ᠋ᠶ᠋ᠡᠨ ᠤᠬᠠᠨ ᠣᠢᠯᠠᠭᠠᠬᠤ ᠦᠭᠡᠢ ᠶ᠋ᠢᠨ ᠤᠯᠠᠮ ᠡᠴᠡ ᠨᠠᠳᠠ ᠳ᠋ᠤ᠌ ᠢᠯᠡᠭᠡᠭᠰᠡᠨ ᠪᠠᠢᠨ᠎ᠠ᠃ ᠴᠠᠭ ᠤ᠋ᠨ ᠪᠠᠢᠳᠠᠯ ᠣᠷᠣᠭ᠎ᠠ ᠪᠤᠰᠬᠠᠭ᠎ᠠ ᠪᠣᠯᠵᠤ᠂ ᠲᠥᠷᠥ ᠤᠯᠤᠰ ᠭᠤᠷᠪᠠ ᠬᠤᠪᠢᠶᠠᠭᠳᠠᠯᠠ᠃ ᠳᠠᠬᠢᠭᠠᠳ ᠬᠡᠳᠦ ᠴᠤ᠌ ᠬᠤᠪᠢᠶᠠᠭᠳᠠᠬᠤ ᠠᠶᠤᠯ ᠨᠢᠭᠤᠷᠯᠠᠭᠠᠳ ᠪᠠᠢᠨ᠎ᠠ ᠬᠡᠮᠡᠪᠡ᠃ ᠮᠥᠩᠬᠡ ᠡᠬᠡ ᠶ᠋ᠢᠨ ᠦᠵᠡᠭᠦᠯᠦᠭᠰᠡᠨ ᠵᠠᠷᠯᠢᠭ ᠤ᠋ᠨ ᠪᠢᠴᠢᠭ ᠤᠳ ᠢ᠋ ᠰᠢᠷᠡᠭᠡᠨ ᠳᠡᠭᠡᠷ᠎ᠡ ᠪᠤᠴᠠᠭᠠᠨ ᠲᠠᠯᠪᠢᠭᠠᠳ᠂
— ᠬᠠᠭᠠᠨ ᠡᠪᠦᠭᠡ ᠶ᠋ᠢᠨ ᠪᠠᠢᠭᠤᠯᠤᠭᠰᠠᠨ ᠤᠯᠤᠰ ᠢ᠋ ᠢᠩᠭᠢᠭᠡᠳ ᠲᠠᠷᠬᠠᠭᠠᠵᠤ ᠪᠣᠯᠬᠤ ᠦᠭᠡᠢ᠃ ᠨᠢᠭᠡᠳᠦᠨ ᠨᠡᠢᠯᠡᠬᠦ ᠦᠭᠡᠢ ᠯᠡ ᠪᠣᠯ ᠰᠠᠯᠵᠤ ᠪᠤᠲᠠᠷᠠᠬᠤ ᠨᠢ ᠠᠮᠠᠷᠬᠠᠨ ᠲᠠᠯ᠎ᠠ ᠨᠤᠲᠤᠭ ᠤ᠋ᠨ ᠬᠢᠨ ᠢ᠋ ᠲᠣᠭᠲᠠᠭᠤᠨ ᠪᠠᠷᠢᠬᠤ ᠬᠦᠴᠦ ᠬᠡᠷᠡᠭᠲᠡᠢ ᠭᠡᠬᠦ ᠳ᠋ᠦ᠍ ᠰᠤᠷᠬᠠᠭᠳᠠᠨᠢ ᠬᠠᠲᠤᠨ᠄
— ᠬᠦᠦ ᠮᠢᠨᠢ᠂ ᠴᠢᠨᠦ ᠬᠡᠯᠡᠳᠡᠭ ᠦᠨᠡᠨ᠂ ᠬᠦᠴᠦᠲᠡᠢ ᠪᠣᠯᠬᠤ ᠪᠠᠷ ᠬᠥᠮᠦᠨ ᠴᠤᠭᠯᠠᠵᠤ ᠢᠷᠡᠳᠡᠭ᠃ ᠪᠠᠲᠤ ᠬᠠᠭᠠᠨ ᠡᠴᠡ ᠥᠨᠥ ᠬᠠᠷᠢᠭᠤ ᠢᠷᠡᠭᠡ ᠦᠭᠡᠢ ᠪᠠᠢᠨ᠎ᠠ᠃ᠭᠡᠪᠡᠴᠦ ᠪᠢᠳᠡ ᠲᠡᠭᠦᠨ ᠦ᠌ ᠳᠡᠮᠵᠢᠯᠭᠡ ᠶ᠋ᠢ ᠠᠪᠤᠪᠠᠯ ᠬᠦᠴᠦᠲᠡᠢ ᠪᠣᠯᠤᠨ᠎ᠠ ᠭᠡᠵᠦ ᠳᠠᠩ ᠢ᠋ᠶ᠋ᠠᠷ ᠣᠢᠯᠠᠭᠠᠵᠤ ᠪᠣᠯᠬᠤ ᠦᠭᠡᠢ᠃ ᠬᠡᠷᠬᠢᠪᠡᠯ ᠬᠦᠴᠦᠲᠡᠢ ᠪᠣᠯᠬᠤ ᠪᠣᠢ ᠭᠡᠪᠡᠯ ᠣᠯᠠᠨ ᠬᠥᠮᠦᠨ ᠦ᠌ ᠰᠡᠳᠬᠢᠯ ᠢ᠋ ᠲᠠᠲᠠᠬᠤ ᠨᠢ ᠴᠢᠬᠤᠯᠠ ᠬᠡᠮᠡᠪᠡ᠃ ᠮᠥᠩᠬᠡ ᠨᠢᠭᠡ ᠶ᠋ᠢ ᠪᠣᠳᠣᠪᠠ ᠪᠣᠯᠤᠯᠲᠠᠢ᠂
— ᠲᠡᠷᠡ ᠨᠢᠭᠡᠨ ᠴᠠᠭ ᠲᠤ᠌ ᠶᠡᠬᠡ ᠬᠠᠭᠠᠨ ᠡᠪᠦᠭᠡ ᠲᠤᠤᠯᠠ ᠶ᠋ᠢᠨ ᠬᠠᠷ᠎ᠠ ᠰᠢᠭᠤᠢ ᠳ᠋ᠤ᠌ ᠣᠴᠢᠵᠤ ᠸᠠᠩ ᠬᠠᠨ ᠲᠤᠭᠤᠷᠢᠯ ᠳ᠋ᠤ᠌ ᠬᠠᠷ᠎ᠠ ᠪᠤᠯᠠᠭᠠᠨ ᠳᠠᠬᠤ ᠥᠭᠴᠦ ᠰᠡᠳᠬᠢᠯ ᠢ᠋ ᠨᠢ ᠲᠠᠲᠠᠵᠤ ᠪᠠᠢᠭᠰᠠᠨ᠃ ᠸᠠᠩ ᠬᠠᠨ ᠬᠠᠷ᠎ᠠ ᠪᠤᠯᠠᠭᠠᠨ ᠳᠠᠬᠤᠨ ᠤ᠋ ᠴᠢᠨᠢ ᠬᠠᠷᠢᠭᠤ ᠳ᠋ᠤ᠌ ᠬᠠᠭᠠᠴᠠᠭᠰᠠᠨ ᠤᠯᠤᠰ ᠢ᠋ ᠴᠢᠨᠢ ᠬᠤᠷᠢᠶᠠᠵᠤ ᠥᠭᠭᠦᠶ᠎ᠡ ᠭᠡᠮᠡᠨ ᠬᠡᠯᠡᠭᠰᠡᠨ ᠪᠤᠰᠤ ᠤᠤ ᠭᠡᠬᠦ ᠳ᠋ᠦ᠍ ᠰᠣᠷᠬᠠᠭᠲᠠᠨᠢ ᠬᠠᠲᠤᠨ᠄
— ᠸᠠᠩ ᠬᠠᠨ ᠳᠠᠷᠠᠭ᠎ᠠ ᠨᠢ ᠬᠡᠷᠬᠢᠭᠰᠡᠨ ᠪᠢᠯᠡ᠃ ᠬᠠᠭᠠᠨ ᠡᠵᠡᠨ ᠡᠴᠡ ᠪᠤᠷᠤᠭᠤ ᠬᠠᠷᠠᠭᠰᠠᠨ᠃ ᠡᠨᠡ ᠨᠢ ᠲᠡᠭᠦᠨ ᠦ᠌ ᠰᠡᠳᠬᠢᠯ ᠭᠦᠢᠴᠡᠳ ᠲᠠᠲᠠᠭᠳᠠᠭ᠎ᠠ ᠦᠭᠡᠢ ᠶ᠋ᠢᠨ ᠢᠯᠡᠷᠡᠯ ᠪᠢᠰᠢ ᠤᠤ᠃ ᠪᠡᠯᠡᠭ ᠰᠡᠯᠲᠡ ᠪᠡᠷ ᠬᠥᠮᠦᠨ ᠦ᠌ ᠰᠡᠳᠬᠢᠯ ᠢ᠋ ᠨᠢᠭᠡ ᠤᠳᠠᠭ᠎ᠠ ᠲᠠᠲᠠᠵᠤ ᠪᠣᠯᠤᠨ᠎ᠠ᠃ ᠬᠠᠷᠢᠨ ᠬᠦᠴᠦ ᠪᠡᠷ ᠬᠥᠮᠦᠨ ᠦ᠌ ᠰᠡᠳᠬᠢᠯ ᠢ᠋ ᠨᠢᠭᠡ ᠬᠡᠰᠡᠭ ᠲᠡᠭᠡᠨ ᠲᠣᠭᠲᠠᠭᠠᠨ ᠪᠠᠷᠢᠵᠤ ᠪᠣᠯᠤᠨ᠎ᠠ᠃ ᠬᠠᠭᠠᠨ ᠡᠪᠦᠭᠡ ᠴᠢᠨᠢ ᠠᠪᠠᠭ᠎ᠠ ᠠᠬ᠎ᠠ ᠠᠯᠲᠠᠨ ᠬᠣᠴᠠᠷ ᠨᠠᠷ ᠢ᠋ ᠬᠡᠷᠬᠢᠨ ᠥᠪᠡᠷ ᠤ᠋ᠨ ᠳᠡᠷᠭᠡᠳᠡ ᠬᠦᠴᠦ ᠪᠡᠷ ᠲᠣᠭᠲᠠᠭᠠᠨ ᠪᠠᠷᠢᠯ᠎ᠠ᠃ ᠭᠡᠪᠡᠴᠦ ᠲᠡᠳᠡ ᠨᠢᠭᠡ ᠶᠡᠬᠡ ᠤᠳᠠᠯ ᠦᠭᠡᠢ ᠴᠠᠭᠠᠰᠢ ᠬᠠᠷᠠᠨ ᠶᠠᠪᠤᠭᠰᠠᠨ ᠭᠡᠪᠡ᠃
— ᠲᠡᠭᠡᠪᠡᠯ ᠬᠥᠮᠦᠨ ᠦ᠌ ᠰᠡᠳᠬᠢᠯ ᠢ᠋ ᠭᠦᠢᠴᠡᠳ ᠲᠠᠲᠠᠬᠤ ᠵᠦᠢᠯ ᠶᠠᠭᠤ ᠪᠠᠢᠬᠤ ᠪᠣᠢ? ᠭᠡᠮᠡᠨ ᠮᠥᠩᠬᠡ ᠠᠰᠠᠭᠤᠯ᠎ᠠ᠃
— ᠶᠡᠬᠡ ᠡᠵᠡᠨ ᠬᠠᠭᠠᠨ ᠡᠨᠡ ᠦᠶ᠎ᠡ ᠳ᠋ᠦ᠍ ᠤᠬᠠᠭᠠᠨ ᠲᠠᠢ᠂ ᠦᠨᠡᠨᠴᠢ ᠬᠥᠮᠦᠰ ᠢ᠋ ᠣᠯᠵᠤ ᠠᠪᠤᠭᠰᠠᠨ᠃ ᠲᠡᠷᠡ ᠥᠪᠡᠷ ᠲᠡᠭᠡᠨ ᠦᠨᠡᠨᠴᠢ ᠠᠯᠪᠠᠲᠤ ᠨᠤᠭᠤᠳ ᠢ᠋ ᠪᠣᠢ ᠪᠣᠯᠭᠠᠭᠰᠠᠨ᠃ ᠴᠢᠩᠭᠢᠰ ᠬᠠᠭᠠᠨ ᠤ᠋ ᠶᠢᠰᠦᠨ ᠥᠷᠯᠥᠭ ᠵᠠᠩᠵᠤᠳ ᠬᠠᠭᠠᠨ ᠡᠵᠡᠨ ᠡᠴᠡ ᠤᠷᠪᠠᠵᠤ ᠪᠠᠢᠭᠰᠠᠨ ᠤᠳᠠᠭ᠎ᠠ ᠦᠭᠡᠢ᠃ ᠬᠥᠮᠦᠨ ᠦ᠌ ᠰᠡᠳᠬᠢᠯ ᠢ᠋ ᠭᠦᠢᠴᠡᠳ ᠲᠠᠲᠠᠬᠤ ᠵᠦᠢᠯ ᠪᠣᠯ ᠤᠬᠠᠭᠠᠨ ᠶᠤᠮ ᠬᠦᠦ ᠮᠢᠨᠢ ᠭᠡᠬᠦ ᠳ᠋ᠦ᠍᠂
— ᠡᠵᠢ ᠮᠢᠨᠢ ᠲᠠ ᠦᠨᠡᠨ ᠦᠭᠡ ᠬᠡᠯᠡᠯ᠎ᠡ᠃ ᠮᠥᠩᠭᠥ ᠬᠥᠷᠥᠩᠭᠡ ᠪᠡᠷ ᠬᠥᠮᠦᠨ ᠦ᠌ ᠰᠡᠳᠬᠢᠯ ᠢ᠋ ᠨᠢᠭᠡ ᠤᠳᠠᠭ᠎ᠠ ᠬᠤᠳᠠᠯᠳᠤᠨ ᠠᠪᠴᠤ ᠪᠣᠯᠤᠨ᠎ᠠ᠃ ᠬᠠᠭᠠᠨ ᠡᠪᠦᠭᠡ ᠡᠨᠡ ᠠᠯᠳᠠᠭ᠎ᠠ ᠪᠠᠨ ᠤᠬᠠᠭᠠᠷᠠᠵᠤ ᠳᠠᠷᠠᠭ᠎ᠠ ᠨᠢ ᠬᠦᠴᠦ ᠪᠡᠷ ᠵᠠᠬᠢᠷᠴᠤ ᠪᠣᠯᠤᠨ᠎ᠠ ᠭᠡᠵᠦ ᠪᠣᠳᠣᠵᠠᠢ᠃ ᠭᠡᠪᠡᠴᠦ ᠲᠡᠷᠡ ᠥᠪᠡᠷ ᠤ᠋ᠨ ᠠᠯᠳᠠᠭ᠎ᠠ ᠶ᠋ᠢ ᠳᠠᠬᠢᠨ ᠣᠢᠯᠠᠭᠠᠵᠤ᠂ ᠤᠬᠠᠭᠠᠨ ᠢ᠋ᠶ᠋ᠠᠷ ᠮᠦᠩᠬᠡᠲᠡ ᠵᠠᠬᠢᠷᠬᠤ ᠦᠨᠡᠨ ᠢ᠋ ᠣᠯᠵᠠᠢ ᠭᠡᠮᠡᠨ ᠡᠬᠡ ᠳ᠋ᠡᠭᠡᠨ ᠬᠡᠯᠡᠪᠡ᠃
— ᠬᠠᠷᠢ ᠳᠠᠢᠰᠤᠨ ᠳ᠋ᠤ᠌ ᠬᠦᠴᠦ ᠲᠡᠢ᠂ ᠬᠠᠮᠤᠭ ᠠᠷᠠᠳ ᠲᠤ᠌ ᠡᠯᠪᠡᠷᠢᠯ ᠲᠡᠢ ᠪᠠᠢᠬᠤ ᠨᠢ ᠬᠠᠭᠠᠨ ᠬᠥᠮᠦᠨ ᠦ᠌ ᠡᠷᠬᠢᠮ ᠰᠢᠨᠵᠢ ᠶᠤᠮ ᠭᠡᠵᠦ ᠶᠡᠬᠡ ᠡᠵᠡᠨ ᠬᠠᠭᠠᠨ ᠬᠡᠯᠡᠳᠡᠭ ᠪᠠᠢᠭᠰᠠᠨ ᠶᠤᠮ᠃:
ᠡᠵᠢ ᠲᠠ᠂ ᠡᠵᠡᠨ ᠴᠢᠩᠭᠢᠰ ᠬᠠᠭᠠᠨ ᠤ᠋ ᠠᠯᠳᠠᠭ᠎ᠠ ᠤᠨᠤᠭ᠎ᠠ ᠶ᠋ᠢ ᠬᠡᠯᠡᠭᠰᠡᠨ ᠨᠢ ᠨᠠᠮᠠᠶ᠋ᠢ ᠤᠬᠠᠭᠠᠷᠠᠭᠤᠯᠵᠤ᠂ ᠡᠪᠦᠭᠡ ᠡᠴᠢᠭᠡ ᠶ᠋ᠢᠨ ᠳᠠᠪᠠᠭᠤ ᠲᠠᠯ᠎ᠠ ᠨᠤᠭᠤᠳ ᠢ᠋ ᠲᠠᠨᠢᠭᠤᠯᠤᠯᠠ᠃ ᠶᠡᠬᠡ ᠬᠠᠭᠠᠨ ᠤ᠋ ᠤᠬᠠᠭᠠᠨ ᠢ᠋ ᠥᠨᠥ ᠪᠢ ᠡᠵᠢ ᠲᠠᠨ ᠡᠴᠡ ᠪᠠᠨ ᠣᠯᠵᠤ ᠬᠠᠷᠠᠯ᠎ᠠ ᠬᠡᠮᠡᠪᠡ᠃
ᠮᠥᠩᠬᠡ ᠥᠭᠡᠳᠡ ᠡᠴᠡ ᠨᠢ ᠬᠠᠷᠠᠭᠠᠳ ᠰᠠᠭᠤᠵᠤ ᠪᠠᠢᠭ᠎ᠠ ᠡᠬᠡ ᠶ᠋ᠢᠨ ᠢ᠋ᠶ᠋ᠡᠨ ᠰᠠᠨᠴᠢᠭ ᠤ᠋ᠨ ᠦᠰᠦ ᠪᠤᠭᠤᠷᠤᠯᠲᠤᠵᠤ ᠡᠬᠢᠯᠡᠭᠰᠡᠨ ᠢ᠋ ᠠᠩᠵᠠᠭᠠᠷᠠᠯ᠎ᠠ᠃ ᠥᠪᠡᠷ ᠲᠦ᠍ ᠵᠠᠶᠠᠭᠠᠭᠰᠠᠨ ᠭᠤᠸ᠎ᠠ ᠦᠵᠡᠰᠬᠦᠯᠡᠩ᠂ ᠣᠶᠤᠨ ᠤᠬᠠᠭᠠᠨ ᠢ᠋ᠶ᠋ᠠᠷ ᠢ᠋ᠶ᠋ᠠᠨ ᠨᠢᠭᠡᠨ ᠴᠠᠭ ᠲᠤ᠌ ᠱᠠᠭᠰᠢᠭᠤᠯᠵᠤ ᠶᠠᠪᠤᠭᠰᠠᠨ ᠡᠬᠡ ᠨᠢ ᠴᠠᠭ ᠬᠤᠭᠤᠴᠠᠭᠠᠨ ᠤ᠋ ᠡᠷᠬᠡ ᠪᠡᠷ ᠨᠠᠰᠤ ᠨᠡᠮᠡᠨ ᠪᠤᠭᠤᠷᠤᠯ ᠰᠠᠭᠤᠵᠤ᠂ ᠤᠷᠢᠳᠤ ᠶ᠋ᠢᠨ ᠰᠠᠢᠬᠠᠨ ᠨᠢᠳᠦ ᠨᠢ ᠪᠠᠭ᠎ᠠ ᠵᠡᠷᠭᠡ ᠰᠡᠯᠬᠡᠢᠵᠦ ᠂ ᠵᠣᠪᠬᠢᠨ ᠳ᠋ᠤᠨᠢ ᠣᠯᠠᠨ ᠦᠷᠴᠢᠯᠡᠭᠡᠰᠦ ᠰᠠᠭᠤᠭᠰᠠᠨ ᠪᠠᠢᠭ᠎ᠠ ᠶ᠋ᠢ ᠠᠩᠵᠠᠭᠠᠷᠠᠪᠠ᠃ ᠮᠥᠩᠬᠡ ᠡᠬᠡ ᠶ᠋ᠢ ᠪᠡᠨ ᠬᠠᠷᠠᠵᠤ ᠰᠠᠭᠤᠬᠤ ᠳ᠋ᠠᠭᠠᠨ ᠴᠡᠭᠡᠵᠢᠨ ᠴᠠᠭᠠᠨ᠎ᠠ ᠡᠴᠡ ᠨᠢ ᠬᠠᠯᠠᠭᠤᠨ ᠵᠦᠢᠯ ᠣᠭᠰᠢᠨ ᠳᠡᠭᠡᠭᠰᠢᠯᠡᠬᠦ ᠮᠡᠲᠦ ᠪᠣᠯᠵᠤ᠂ ᠠᠨᠢᠰᠬ᠎ᠠ ᠴᠢᠭᠢᠭᠲᠦᠭᠦᠯᠵᠦ ᠣᠷᠬᠢᠭᠠᠳ ᠪᠤᠴᠠᠨ ᠠᠭᠤᠵᠢᠷᠠᠬᠤ ᠶ᠋ᠢ ᠮᠡᠳᠡᠷᠡᠪᠡ᠃ ᠮᠥᠩᠬᠡ《 ᠭᠤᠸ᠎ᠠ ᠦᠵᠡᠰᠬᠦᠯᠡᠩ ᠭᠡᠳᠡᠭ ᠨᠢᠭᠡᠨ ᠴᠠᠭ ᠤ᠋ᠨ ᠦᠵᠡᠬᠦ ᠨᠢᠳᠦᠨ ᠦ᠌ ᠪᠠᠶᠠᠰᠤᠯ ᠪᠢᠵᠡ ᠠ᠋ ᠁ ᠣᠶᠤᠨ ᠤᠬᠠᠭᠠᠨ ᠭᠡᠳᠡᠭ ᠨᠢᠭᠡᠨ ᠨᠠᠰᠤᠨ ᠤ᠋ ᠠᠮᠢᠳᠤᠷᠠᠬᠤ ᠵᠠᠮ ᠤ᠋ᠨ ᠦᠨᠡᠨ ᠪᠢᠵᠡ ᠠ᠋》ᠭᠡᠮᠡᠨ ᠪᠣᠳᠣᠯ᠎ᠠ᠃
ᠠᠯᠲᠠᠨ ᠣᠷᠳᠣᠨ ᠤ᠋ ᠤᠯᠤᠰ ᠤ᠋ᠨ ᠡᠵᠡᠨ ᠬᠠᠭᠠᠨ ᠪᠠᠲᠤ ᠬᠠᠭᠠᠨ ᠤ᠋ ᠦᠷᠭᠦᠭᠡᠨ ᠦ᠌ ᠭᠠᠳᠠᠭ᠎ᠠ ᠣᠯᠠᠨ ᠬᠥᠮᠦᠨ ᠪᠠᠢᠪᠠ᠃ ᠶᠡᠬᠡᠩᠬᠢ ᠳ᠋ᠡᠭᠡᠨ ᠰᠠᠢᠳ ᠲᠦᠰᠢᠮᠡᠳ ᠤᠳ ᠢ᠋ ᠳᠠᠭᠠᠯᠳᠤᠨ ᠶᠠᠪᠤᠭᠰᠠᠳ ᠬᠡᠪᠲᠡᠭᠦᠯ ᠤᠳ ᠪᠣᠯᠤᠯᠲᠠᠢ᠃ ᠲᠡᠳᠡ ᠬᠣᠭᠣᠷᠣᠨᠳᠣ ᠪᠠᠨ ᠦᠭᠡ ᠡᠰᠡ ᠶᠠᠷᠢᠬᠤ ᠠᠵᠢ᠃ ᠬᠠᠭᠠᠨ ᠤ᠋ ᠤᠷᠲᠤ ᠥᠷᠭᠥᠭᠡ ᠶ᠋ᠢ ᠪᠦᠴᠢᠨ ᠬᠦᠷᠢᠶᠡᠯᠡᠬᠦ ᠡᠭᠦᠷᠭᠡ ᠠᠪᠤᠭᠰᠠᠨ ᠬᠡᠪᠲᠡᠭᠦᠯ ᠤᠳ ᠨᠢᠳᠦ ᠴᠠᠪᠴᠢᠬᠤ ᠴᠢᠯᠥᠭᠡ ᠦᠭᠡᠢ᠂ ᠨᠢᠭᠡ ᠭᠠᠷ ᠲᠠᠭᠠᠨ ᠵᠢᠳᠠ ᠪᠠᠷᠢᠵᠤ᠂ ᠨᠥᠭᠦᠭᠡ ᠭᠠᠷ ᠲᠠᠭᠠᠨ ᠪᠠᠮᠪᠠᠢ ᠪᠠᠷᠢᠭᠰᠠᠨ ᠬᠠᠷᠠᠭᠳᠠᠬᠤ ᠨᠢ ᠬᠠᠭᠠᠨ ᠤ᠋ ᠤᠷᠲᠤ ᠦᠷᠭᠦᠭᠡᠨ ᠳᠣᠲᠣᠷ᠎ᠠ ᠶᠡᠬᠡᠰ ᠳᠡᠭᠡᠳᠦᠰ ᠴᠤᠭᠯᠠᠭᠰᠠᠨ ᠪᠣᠯᠬᠤ ᠶ᠋ᠢ ᠢᠯᠡᠳᠬᠡᠨ᠎ᠡ᠃
ᠪᠠᠲᠤ ᠬᠠᠭᠠᠨ ᠦᠷᠭᠦᠭᠡᠨ ᠳ᠋ᠦ᠍ ᠴᠤᠭᠯᠠᠭᠰᠠᠨ ᠣᠯᠠᠨ ᠰᠠᠢᠳ ᠲᠦᠰᠢᠮᠡᠳ ᠴᠡᠷᠢᠭ ᠤ᠋ᠨ ᠵᠠᠩᠵᠤᠳ ᠲᠠᠭᠠᠨ ᠬᠠᠨᠳᠤᠨ᠂
ᠪᠢᠳᠡ ᠠᠯᠲᠠᠨ ᠣᠷᠳᠣᠨ ᠤ᠋ ᠤᠯᠤᠰ ᠲᠠᠭᠠᠨ ᠠᠮᠤᠷ ᠵᠢᠮᠤᠷ ᠠᠮᠢᠳᠤᠷᠠᠨ ᠰᠠᠭᠤᠭ᠎ᠠ ᠴᠤ᠌ ᠲᠠᠯ᠎ᠠ ᠨᠤᠲᠤᠭ ᠲᠤ᠌ ᠦᠢᠮᠡᠭᠡᠨ ᠰᠠᠮᠠᠭᠤᠨ ᠭᠠᠵᠠᠷ ᠠᠪᠤᠭᠠᠳ ᠪᠠᠢᠨ᠎ᠠ᠃ ᠲᠤᠩ ᠤᠳᠠᠬᠤ ᠦᠭᠡᠢ ᠪᠢᠳᠡᠨ ᠦ᠌ ᠠᠮᠤᠷ ᠵᠢᠮᠤᠷ ᠠᠮᠢᠳᠤᠷᠠᠯ ᠴᠤ᠌ ᠲᠠᠯᠠᠭᠠᠷ ᠪᠣᠯᠬᠤ ᠠᠶᠤᠯ ᠨᠢᠭᠤᠷᠯᠠᠭᠰᠠᠨ ᠲᠤᠯᠠ ᠨᠢᠭᠡᠨ ᠴᠠᠭ ᠲᠤ᠌ ᠬᠤᠷᠢᠶᠠᠭᠰᠠᠨ ᠭᠠᠵᠠᠷ ᠨᠤᠲᠤᠭ ᠢ᠋ ᠨᠥᠭᠦᠭᠡ ᠴᠠᠭ ᠲᠤ᠌ ᠬᠤᠪᠢᠶᠠᠨ ᠥᠭᠴᠦ ᠪᠣᠯᠬᠤ ᠦᠭᠡᠢ ᠶ᠋ᠢᠨ ᠤᠴᠢᠷ ᠲᠠ ᠪᠦᠬᠦᠨ ᠢ᠋ ᠳᠠᠭᠤᠳᠠᠭᠤᠯᠤᠯ᠎ᠠ᠃ ᠬᠠᠭᠠᠨ ᠰᠠᠭᠤᠳᠠᠯ ᠡᠵᠡᠨ ᠦᠭᠡᠢᠳᠡᠵᠦ ᠬᠠᠮᠤᠭ ᠣᠯᠠᠨ ᠦᠢᠮᠡᠨ ᠰᠠᠨᠳᠤᠷᠴᠤ ᠪᠠᠢᠭ᠎ᠠ ᠡᠨᠡ ᠴᠠᠭ ᠲᠤ᠌ ᠪᠢᠳᠡ ᠵᠦᠭᠡᠷ ᠰᠠᠭᠤᠬᠤ ᠤᠴᠢᠷ ᠦᠭᠡᠢ ᠭᠡᠮᠡᠨ ᠥᠭᠦᠯᠡᠪᠡ᠃
ᠦᠷᠭᠦᠭᠡᠨ ᠳ᠋ᠦ᠍ ᠴᠤᠭᠯᠠᠭᠰᠠᠨ ᠶᠡᠬᠡᠰ ᠳᠡᠭᠡᠳᠦᠰ ᠤ᠋ᠨ ᠳᠤᠮᠳᠠ ᠡᠴᠡ ᠪᠡᠷᠬᠡ ᠵᠠᠩᠵᠤᠨ᠄
— ᠪᠢᠳᠡ ᠥᠪᠡᠷᠰᠡᠳ ᠢ᠋ᠶ᠋ᠡᠨ ᠲᠠᠯ᠎ᠠ ᠨᠤᠲᠤᠭ ᠲᠤ᠌ ᠣᠴᠢᠵᠤ ᠲᠠᠢᠪᠤᠩ ᠪᠠᠢᠳᠠᠯ ᠢ᠋ ᠲᠣᠭᠲᠠᠭᠠᠬᠤ ᠤᠴᠢᠷ ᠲᠠᠢ᠃ ᠥᠨᠥ ᠪᠢᠳᠡ ᠴᠡᠷᠢᠭ ᠤ᠋ᠨ ᠬᠦᠴᠦ ᠪᠡᠷ ᠲᠡᠳᠡᠨ ᠢ᠋ ᠲᠣᠭᠲᠠᠭᠠᠨ ᠪᠠᠷᠢᠵᠤ ᠰᠢᠨ᠎ᠡ ᠬᠠᠭᠠᠨ ᠢ᠋ ᠲᠣᠳᠣᠷᠠᠭᠤᠯᠵᠤ ᠪᠣᠯᠤᠨ᠎ᠠ᠃ ᠠᠯᠲᠠᠨ ᠤᠷᠤᠭ ᠤ᠋ᠨ᠂ ᠶᠡᠬᠡ ᠬᠠᠭᠠᠨ ᠤ᠋ ᠤᠤᠭᠠᠨ ᠬᠦᠦ ᠶ᠋ᠢᠨ ᠦᠷᠡᠰ ᠪᠢᠳᠡ ᠡᠨᠡ ᠤᠳᠠᠭ᠎ᠠ ᠳ᠋ᠤ᠌ ᠲᠥᠷᠥ ᠶ᠋ᠢᠨ ᠡᠷᠬᠡ ᠶ᠋ᠢ ᠭᠠᠷ ᠲᠠᠭᠠᠨ ᠣᠷᠣᠭᠤᠯᠵᠤ᠂ ᠠᠯᠲᠠᠨ ᠤᠷᠤᠭ ᠤ᠋ᠨ ᠠᠬᠠᠮᠠᠳ ᠬᠥᠮᠦᠨ ᠪᠠᠲᠤ ᠠᠬ᠎ᠠ ᠲᠠᠨ ᠢ᠋ ᠬᠠᠭᠠᠨ ᠱᠢᠷᠡᠭᠡᠨᠡ ᠡᠵᠠᠯᠠᠨ ᠲᠦᠮᠡᠨ ᠣᠯᠠᠨ ᠢ᠋ᠶ᠋ᠠᠨ ᠲᠦᠪᠰᠢᠳᠬᠡᠬᠦ ᠨᠢ ᠵᠥᠪ ᠪᠤᠰᠤ ᠤᠤ᠂ ᠪᠢᠳᠡᠨ ᠢ᠋ ᠳᠡᠢᠯᠬᠦ ᠬᠦᠴᠦᠨ ᠲᠠᠯ᠎ᠠ ᠨᠤᠲᠤᠭ ᠲᠤ᠌ ᠦᠭᠡᠢ ᠭᠡᠮᠡᠨ ᠥᠪᠡᠷ ᠤ᠋ᠨ ᠪᠣᠳᠣᠯ ᠢ᠋ᠶ᠋ᠠᠨ ᠬᠡᠯᠡᠬᠦ ᠳ᠋ᠦ᠍ ᠪᠠᠲᠤ ᠬᠠᠭᠠᠨ᠄
—ᠠᠭᠤᠯᠠᠨ ᠤ᠋ ᠬᠥᠮᠦᠨ ᠠᠭᠤᠯᠠᠨ ᠳ᠋ᠠᠭᠠᠨ ᠵᠢᠷᠭᠠᠯ ᠲᠠᠢ᠂ ᠲᠠᠯ᠎ᠠ ᠶ᠋ᠢᠨ ᠬᠥᠮᠦᠨ ᠲᠠᠯ᠎ᠠ ᠳ᠋ᠠᠭᠠᠨ ᠵᠢᠷᠭᠠᠯ ᠲᠠᠢ᠃ ᠡᠨᠳᠡ ᠪᠢ ᠡᠴᠢᠭᠡ ᠶ᠋ᠢᠨ ᠭᠣᠯᠣᠮᠲᠠ ᠶ᠋ᠢ ᠰᠠᠬᠢᠨ ᠦᠯᠡᠳᠡᠬᠦ ᠤᠴᠢᠷ ᠲᠠᠢ᠃ ᠰᠤᠷᠬᠠᠭᠳᠠᠨᠢ ᠬᠠᠲᠤᠨ ᠨᠠᠳᠠ ᠳ᠋ᠤ᠌ ᠵᠠᠬᠢᠳᠠᠯ ᠢᠯᠡᠬᠡᠨ᠂ ᠥᠪᠡᠷ ᠤ᠋ᠨ ᠬᠦᠰᠡᠯᠲᠡ ᠪᠡᠨ ᠢᠯᠡᠷᠬᠡᠢᠯᠡᠭᠰᠡᠨ ᠲᠤᠯᠠ ᠨᠢᠭᠡᠨ ᠴᠠᠭ ᠲᠤ᠌ ᠲᠡᠭᠦᠨ ᠳ᠋ᠦ᠍ ᠬᠡᠯᠡᠵᠦ ᠪᠠᠢᠭᠰᠠᠨ ᠦᠭᠡᠨ ᠳ᠋ᠡᠭᠡᠨ ᠬᠦᠷᠴᠦ ᠬᠦᠦ ᠮᠥᠩᠬᠡ ᠶ᠋ᠢ ᠨᠢ ᠬᠠᠭᠠᠨ ᠰᠠᠭᠤᠯᠭᠠᠬᠤ ᠰᠠᠨᠠᠭ᠎ᠠ ᠲᠠᠢ ᠪᠠᠢᠨ᠎ᠠ᠃ ᠠᠯᠲᠠᠨ ᠤᠷᠤᠭ ᠤ᠋ᠨ ᠬᠠᠨ ᠬᠥᠪᠡᠭᠦᠳ ᠤ᠋ᠨ ᠳᠣᠲᠣᠷ᠎ᠠ ᠠᠪᠢᠶᠠᠰ ᠪᠢᠯᠢᠭ ᠲᠡᠭᠦᠯᠳᠡᠷ ᠬᠥᠮᠦᠨ ᠪᠣᠯ ᠥᠨᠥ ᠮᠥᠩᠬᠡ ᠡᠴᠡ ᠥᠭᠡᠷ᠎ᠡ ᠬᠥᠮᠦᠨ ᠦᠭᠡᠢ᠃ ᠲᠡᠷᠡ ᠥᠪᠡᠷ ᠢ᠋ᠶ᠋ᠡᠨ ᠭᠠᠪᠢᠶ᠎ᠠ ᠲᠠᠢ ᠨᠢᠭᠡᠨ᠃ ᠲᠡᠢᠮᠦ ᠡᠴᠡ ᠰᠤᠷᠬᠠᠭᠳᠠᠨᠢ ᠬᠠᠲᠤᠨ ᠤ᠋ ᠬᠡᠯᠡᠭᠰᠡᠨᠴᠢᠯᠡᠨ ᠬᠤᠷᠠᠯᠲᠠᠢ ᠶ᠋ᠢ ᠡᠨᠳᠡ ᠶᠠᠪᠤᠭᠤᠯᠤᠶ᠎ᠠ᠃ ᠠᠯᠲᠠᠨ ᠤᠷᠤᠭ ᠤ᠋ᠨ ᠬᠢᠨ ᠠᠬᠠᠮᠠᠳ ᠬᠥᠮᠦᠨ ᠢ᠋ᠶ᠋ᠡᠨ ᠬᠦᠨᠳᠦᠳᠬᠡᠭᠡᠳ ᠠᠯᠲᠠᠨ ᠣᠷᠳᠣᠨ ᠤ᠋ ᠤᠯᠤᠰ ᠲᠤ᠌ ᠮᠢᠨᠢ ᠢᠷᠡᠭ ᠭᠡᠯᠡ᠃ ᠰᠦᠪᠡᠭᠡᠳᠡᠢ ᠪᠠᠭᠠᠲᠤᠷ ᠪᠤᠭᠤᠷᠤᠯ ᠲᠡᠷᠢᠭᠦᠨ ᠢ᠋ᠶ᠋ᠡᠨ ᠡᠷᠭᠦᠵᠦ᠂
— ᠥᠭᠡᠳᠡᠢ ᠬᠠᠭᠠᠨ ᠲᠡᠷᠡ ᠴᠠᠭ ᠲᠤ᠌ ᠠᠬᠠᠮᠠᠳ ᠬᠥᠪᠡᠭᠦᠳ ᠤ᠋ᠨ ᠠᠶᠠᠨ ᠲᠡᠢᠨ ᠢ᠋ ᠡᠬᠢᠯᠡᠭᠦᠯᠵᠦ ᠪᠠᠢᠭᠰᠠᠨ ᠨᠢ ᠠᠯᠲᠠᠨ ᠤᠷᠤᠭ ᠤ᠋ᠨ ᠬᠠᠨ ᠬᠥᠪᠡᠭᠦᠳ ᠤ᠋ᠨ ᠳᠤᠮᠳᠠ ᠡᠴᠡ ᠥᠪᠡᠷ ᠤ᠋ᠨ ᠭᠠᠪᠢᠶ᠎ᠠ ᠶ᠋ᠢ ᠬᠠᠷᠠᠭᠤᠯᠬᠤ ᠢᠷᠡᠭᠡᠳᠦᠢ ᠶ᠋ᠢᠨ ᠬᠦᠴᠦᠷᠬᠡᠭ ᠬᠠᠭᠠᠨ ᠡᠵᠡᠨ ᠢ᠋ ᠣᠯᠵᠤ ᠬᠠᠷᠠᠬᠤ ᠭᠡᠰᠡᠨ ᠬᠡᠷᠡᠭ ᠪᠠᠢᠭᠰᠠᠨ᠃ ᠡᠨᠳᠡ ᠲᠡᠢᠨ ᠳ᠋ᠦ᠍ ᠣᠷᠣᠯᠴᠠᠭᠰᠠᠨ ᠠᠬᠠᠮᠠᠳ ᠬᠥᠪᠡᠭᠦᠳ ᠤ᠋ᠨ ᠭᠠᠪᠢᠶ᠎ᠠ ᠵᠢᠳᠬᠦᠯ ᠢ᠋ ᠬᠠᠷᠠᠭᠠᠯᠵᠠᠨ ᠦᠵᠡᠬᠦ ᠤᠴᠢᠷ ᠲᠠᠢ᠃ ᠬᠠᠲᠤᠨ ᠤ᠋ ᠬᠦᠦ ᠮᠥᠩᠬᠡ ᠥᠪᠡᠷ ᠤ᠋ᠨ ᠭᠠᠪᠢᠶ᠎ᠠ ᠶ᠋ᠢ ᠪᠢᠳᠡᠨ ᠳ᠋ᠦ᠍ ᠬᠠᠷᠠᠭᠤᠯᠤᠭᠰᠠᠨ ᠪᠢᠯᠡ᠃ ᠲᠡᠭᠡᠭᠡᠳ ᠴᠦ᠍ ᠲᠡᠷᠡ ᠬᠠᠭᠠᠨ ᠤ᠋ ᠭᠣᠯᠣᠮᠲᠠ ᠵᠠᠯᠭᠠᠬᠤ ᠲᠤᠯᠤᠢ ᠶ᠋ᠢᠨ ᠲᠣᠮᠣ ᠬᠦᠦ᠂ ᠥᠭᠡᠳᠡᠢ ᠬᠠᠭᠠᠨ ᠠᠮᠢᠳᠤ ᠰᠡᠷᠡᠭᠦᠨ ᠳ᠋ᠡᠭᠡᠨ ᠲᠡᠭᠦᠨ ᠦ᠌ ᠨᠡᠷ᠎ᠡ ᠶ᠋ᠢ ᠳᠠᠷᠠᠭ᠎ᠠ ᠶ᠋ᠢᠨ ᠬᠠᠭᠠᠨ ᠣᠷᠣ ᠰᠠᠭᠤᠬᠤ ᠬᠥᠮᠦᠨ ᠢ᠋ᠶ᠋ᠡᠷ ᠨᠡᠷᠡᠯᠡᠵᠦ ᠪᠠᠢᠭᠰᠠᠨ ᠵᠡᠷᠭᠡ ᠶ᠋ᠢ ᠬᠠᠷᠠᠭᠠᠯᠵᠠᠨ ᠦᠵᠡᠪᠡᠯ ᠲᠠᠲᠠᠭᠠᠯᠵᠠᠬᠤ ᠬᠥᠮᠦᠨ ᠭᠠᠷᠬᠤ ᠦᠭᠡᠢ ᠪᠢᠵᠡ ᠬᠡᠮᠡᠪᠡ᠃ ᠪᠠᠲᠤ ᠬᠠᠭᠠᠨ᠄
— ᠲᠤᠯᠤᠢ ᠡᠴᠢᠭᠡ ᠨᠢ ᠮᠠᠭᠠᠳ ᠡᠨᠡ ᠦᠢᠯᠡᠰ ᠤ᠋ᠨ ᠲᠥᠯᠥᠭᠡ ᠬᠠᠭᠠᠨ ᠤ᠋ ᠡᠮᠦᠨ᠎ᠡ ᠵᠣᠯᠢᠶ᠎ᠠ ᠪᠣᠯᠤᠨ ᠣᠳᠤᠭᠰᠠᠨ ᠪᠢᠵᠡ ᠠ᠋! ᠨᠣᠶᠠᠳ ᠤ᠋ᠨ ᠬᠤᠷᠠᠯ ᠢ᠋ ᠠᠯᠲᠠᠨ ᠣᠷᠳᠣᠨ ᠤ᠋ ᠤᠯᠤᠰ ᠲᠤ᠌ ᠢᠰᠢᠭᠡᠨ ᠬᠥᠯ ᠨᠠᠭᠤᠷ ᠤ᠋ᠨ ᠡᠷᠭᠢ ᠳᠡᠭᠡᠷ᠎ᠡ ᠬᠢᠶ᠎ᠡ᠃ ᠬᠤᠷᠠᠯᠲᠠᠢ ᠶ᠋ᠢᠨ ᠵᠠᠷ ᠢ᠋ ᠲᠠᠯ᠎ᠠ ᠨᠤᠲᠤᠭ ᠲᠤ᠌ ᠬᠦᠷᠭᠡᠵᠦ᠂ ᠠᠯᠲᠠᠨ ᠤᠷᠤᠭ ᠤ᠋ᠨ ᠬᠢᠨ ᠦ᠌ ᠰᠣᠨᠣᠷ ᠲᠤ᠌ ᠢᠯᠡᠭᠡ ᠭᠡᠮᠡᠨ ᠵᠠᠷᠯᠢᠭᠳᠠᠪᠠ᠃
ᠲᠤᠩ ᠤᠳᠠᠯ ᠦᠭᠡᠢ ᠶᠡᠬᠡ ᠬᠤᠷᠠᠯᠳᠠᠢ ᠶ᠋ᠢᠨ ᠵᠠᠷ ᠲᠠᠯ᠎ᠠ ᠨᠤᠲᠤᠭ ᠲᠤ᠌ ᠲᠠᠷᠬᠠᠵᠤ᠂ ᠠᠯᠲᠠᠨ ᠤᠷᠤᠭ ᠤ᠋ᠨ ᠬᠢᠨ᠂ ᠶᠡᠬᠡᠰ ᠳᠡᠭᠡᠳᠦᠰ ᠳᠣᠣᠷ᠎ᠠ ᠪᠦᠷᠢᠨ᠎ᠡ ᠡᠨᠡ ᠮᠡᠳᠡᠭᠡ ᠶ᠋ᠢ ᠬᠦᠯᠢᠶᠡᠨ ᠠᠪᠤᠯ᠎ᠠ᠃
ᠢᠰᠢᠭᠡᠨ ᠬᠥᠯ ᠨᠠᠭᠤᠷ ᠤ᠋ᠨ ᠡᠷᠭᠢ ᠳᠡᠭᠡᠷ᠎ᠡ ᠪᠣᠯᠬᠤ ᠬᠤᠷᠠᠯᠳᠠᠢ ᠶ᠋ᠢᠨ ᠵᠠᠷ ᠠᠯᠲᠠᠨ ᠤᠷᠤᠭ ᠤ᠋ᠨ ᠬᠢᠨ ᠦ᠌ ᠰᠣᠨᠣᠷ ᠲᠤ᠌ ᠬᠦᠷᠦᠭᠰᠡᠨ ᠳᠠᠷᠤᠢ ᠲᠠᠯ᠎ᠠ ᠨᠤᠲᠤᠭ ᠲᠤ᠌ ᠥᠪᠡᠷ ᠥᠪᠡᠷ ᠤ᠋ᠨ ᠤᠯᠤᠰ ᠢ᠋ ᠪᠠᠢᠭᠤᠯᠤᠨ ᠳᠤᠷ᠎ᠠ ᠪᠠᠷ ᠠᠪᠤᠷᠢᠯᠠᠵᠤ ᠪᠠᠢᠭᠰᠠᠨ ᠴᠠᠭᠠᠲᠠᠢ᠂ ᠥᠭᠡᠳᠡᠢ ᠶ᠋ᠢᠨ ᠤᠳᠤᠮ ᠤ᠋ᠨ ᠬᠢᠨ ᠦᠢᠮᠡᠵᠦ ᠡᠬᠢᠯᠡᠯ᠎ᠡ᠃ ᠥᠨᠥ ᠴᠠᠭ ᠲᠤ᠌ ᠬᠠᠮᠤᠭ ᠤ᠋ᠨ ᠬᠦᠴᠦᠷᠬᠡᠭ ᠬᠥᠮᠦᠨ ᠬᠡᠪ ᠢ᠋ᠶ᠋ᠡᠷ ᠪᠠᠢᠭ᠎ᠠ ᠪᠠᠲᠤ ᠬᠠᠭᠠᠨ ᠤ᠋ ᠢᠰᠢᠭᠡᠨ ᠬᠥᠯ ᠨᠠᠭᠤᠷ ᠤ᠋ᠨ ᠡᠷᠭᠢ ᠳᠡᠭᠡᠷ᠎ᠡ ᠵᠠᠷᠯᠠᠭᠰᠠᠨ ᠬᠤᠷᠠᠯᠲᠠᠢ ᠳ᠋ᠤ᠌ ᠣᠴᠢᠬᠤ ᠡᠰᠡᠬᠦ ᠳ᠋ᠡᠭᠡᠨ ᠡᠷᠡᠭᠡᠯᠵᠡᠨ᠂ ᠬᠡᠷᠪᠡ ᠣᠴᠢᠬᠤ ᠦᠭᠡᠢ ᠪᠣᠯ ᠬᠠᠭᠠᠨᠲᠤ ᠲᠥᠷᠥ ᠶ᠋ᠢ ᠠᠯᠳᠠᠭᠠᠳ ᠵᠣᠭᠰᠣᠬᠤ ᠦᠭᠡᠢ᠂ ᠠᠮᠢ ᠨᠠᠰᠤ ᠪᠠᠨ ᠴᠤ᠌ ᠠᠯᠳᠠᠵᠤ ᠪᠣᠯᠬᠤ ᠠᠶᠤᠯ ᠨᠢᠭᠤᠷᠯᠠᠨ ᠪᠣᠢ ᠶ᠋ᠢ ᠳᠣᠣᠷ᠎ᠠ ᠪᠦᠷᠢᠨ᠎ᠡ ᠤᠬᠠᠭᠠᠷᠠᠭᠰᠠᠨ ᠲᠤᠯᠠ ᠪᠡᠶ᠎ᠡ ᠪᠡᠶ᠎ᠡ ᠡᠴᠡ ᠪᠡᠨ ᠲᠤᠰᠠᠭᠠᠷᠯᠠᠭᠠᠳ ᠪᠠᠢᠭᠰᠠᠨ ᠬᠥᠮᠦᠰ ᠡᠷᠭᠢᠵᠦ ᠨᠢᠭᠡᠳᠦᠨ᠂ ᠨᠢᠭᠡᠨ ᠳᠣᠣᠷ᠎ᠠ ᠴᠤᠭᠯᠠᠨ ᠬᠡᠯᠡᠯᠴᠡᠬᠦ ᠳ᠋ᠦ᠍ ᠬᠦᠷᠦᠯ᠎ᠡ᠃
— ᠶᠡᠬᠡ ᠡᠵᠡᠨ ᠦ᠌ ᠢᠵᠠᠭᠤᠷ ᠨᠤᠲᠤᠭ᠂ ᠮᠣᠩᠭᠣᠯ ᠲᠥᠷᠥ ᠶ᠋ᠢᠨ ᠨᠡᠢᠰᠯᠡᠯ᠂ ᠪᠢᠳᠡᠨ ᠦ᠌ ᠭᠠᠯ ᠭᠣᠯᠣᠮᠲᠠ ᠡᠨᠳᠡ ᠪᠠᠢᠬᠤ ᠳ᠋ᠤ᠌ ᠣᠴᠢᠵᠤ ᠣᠴᠢᠵᠤ ᠺᠢᠫᠴᠡᠺ ᠤ᠋ᠨ ᠲᠠᠯ᠎ᠠ ᠳ᠋ᠤ᠌ ᠪᠢᠳᠡ ᠣᠴᠢᠬᠤ ᠤᠤ ᠭᠡᠮᠡᠨ ᠴᠠᠭᠠᠲᠠᠢ ᠶ᠋ᠢᠨ ᠬᠦᠦ ᠬᠠᠷ᠎ᠠ ᠦᠯᠡᠬᠦ ᠴᠢᠬᠤᠯᠠᠲᠠᠢ ᠪᠠᠷ ᠥᠭᠦᠯᠡᠬᠦ ᠳ᠋ᠦ᠍ ᠭᠦᠶᠦᠭ ᠤ᠋ᠨ ᠬᠦᠦ ᠨᠠᠭᠤ ᠄
— ᠠᠯᠲᠠᠨ ᠣᠷᠳᠣᠨ ᠤ᠋ ᠤᠯᠤᠰ ᠢ᠋ᠶ᠋ᠠᠨ ᠯᠠ ᠠᠯᠳᠠᠴᠢᠬᠠᠬᠤ ᠦᠭᠡᠢ ᠵᠠᠬᠢᠷᠤᠨ ᠰᠠᠭᠤᠪᠠᠯ ᠪᠠᠷᠠᠪᠠ ᠪᠤᠰᠤ ᠤᠤ? ᠡᠨᠡ ᠬᠥᠭᠰᠢᠨ ᠲᠥᠷᠥ ᠶ᠋ᠢᠨ ᠬᠡᠷᠡᠭ ᠲᠦ᠍ ᠳᠡᠩᠳᠡᠭᠦᠦ ᠣᠷᠣᠯᠴᠠᠨ ᠠᠯᠲᠠᠨ ᠤᠷᠤᠭ ᠤ᠋ᠨ ᠬᠢᠨ ᠦ᠌ ᠡᠴᠢᠭᠡ ᠭᠡᠵᠦ ᠥᠪᠡᠷ ᠢ᠋ ᠪᠡᠨ ᠲᠥᠰᠦᠭᠡᠯᠡᠬᠦ ᠶ᠋ᠢᠨ ᠬᠡᠷᠡᠭ ᠶᠠᠭᠤ ᠪᠢᠯᠡ ᠭᠡᠮᠡᠨ ᠠᠭᠤᠷᠯᠠᠭᠰᠠᠨ ᠪᠠᠢᠪᠠ᠃ ᠬᠥᠶᠦᠭ ᠤ᠋ᠨ ᠥᠭᠡᠷ᠎ᠡ ᠨᠢᠭᠡ ᠬᠦᠦ ᠬᠤᠵᠠ ᠵᠢᠮᠤᠷ ᠤ᠋ᠨ ᠡᠨᠡ ᠶᠠᠷᠢᠶ᠎ᠠ ᠶ᠋ᠢ ᠥᠭᠡᠷ᠎ᠡ ᠬᠥᠮᠦᠨ ᠰᠣᠨᠣᠰᠴᠢᠬᠠᠬᠤ ᠪᠣᠢ ᠭᠡᠰᠡᠨ ᠰᠢᠭ ᠬᠠᠭᠠᠯᠭ᠎ᠠ ᠤᠷᠤᠭᠤ ᠬᠠᠷᠠᠵᠤ᠂ ᠣᠷᠴᠢᠨ ᠢ᠋ᠶ᠋ᠠᠨ ᠠᠩᠵᠠᠭᠠᠷᠠᠭᠠᠳ᠂
— ᠪᠠᠲᠤ ᠬᠠᠭᠠᠨ ᠨᠠᠰᠤ ᠶᠠᠪᠤᠵᠤ᠂ ᠪᠡᠶ᠎ᠡ ᠠᠯᠵᠢᠶᠠᠭᠰᠠᠨ ᠲᠤᠯᠠ ᠨᠡᠭᠦᠳᠡᠯ ᠤ᠋ᠨ ᠶᠠᠪᠤᠳᠠᠯ ᠳᠠᠭᠠᠭᠠᠬᠤ ᠦᠭᠡᠢ ᠪᠢᠳᠡᠨ ᠢ᠋ ᠠᠯᠲᠠᠨ ᠣᠷᠳᠣᠨ ᠤ᠋ ᠤᠯᠤᠰ ᠲᠤ᠌ ᠳᠠᠭᠤᠳᠠᠭᠤᠯᠤᠭᠰᠠᠨ ᠬᠡᠷᠡᠭ ᠪᠢᠵᠡ᠃ ᠲᠡᠭᠡᠬᠦ ᠳ᠋ᠦ᠍ ᠨᠠᠰᠤ ᠥᠨᠳᠥᠷ ᠠᠪᠠᠭ᠎ᠠ ᠪᠠᠨ ᠢᠩᠭᠢᠵᠦ ᠬᠡᠯᠡᠵᠦ ᠰᠠᠭᠤᠬᠤ ᠨᠢ ᠪᠤᠷᠤᠭᠤ ᠪᠤᠰᠤ ᠤᠤ ᠭᠡᠵᠦ ᠬᠡᠯᠡᠯ᠎ᠡ᠃
ᠴᠠᠭᠠᠲᠠᠢ ᠶ᠋ᠢᠨ ᠬᠦᠦ ᠬᠠᠷ᠎ᠠ ᠦᠯᠡᠬᠦ᠂ ᠬᠤᠵᠠ ᠶ᠋ᠢ ᠡᠰᠡᠷᠭᠦᠴᠡᠨ᠂
— ᠭᠤᠷᠪᠠᠨ ᠮᠡᠷᠭᠢᠳ ᠤ᠋ᠨ ᠤᠳᠤᠮ ᠳ᠋ᠤ᠌ ᠥᠭᠡᠳᠡ ᠭᠠᠷᠴᠤ ᠪᠠᠢᠭᠰᠠᠨ ᠲᠡᠦᠬᠡ ᠪᠠᠢᠬᠤ ᠦᠭᠡᠢ᠂ ᠣᠳᠣ ᠲᠥᠷᠥ ᠶ᠋ᠢᠨ ᠪᠠᠢᠳᠠᠯ ᠣᠷᠣᠭ᠎ᠠ ᠪᠣᠰᠬᠠᠭ᠎ᠠ ᠪᠠᠢᠭ᠎ᠠ ᠶ᠋ᠢ ᠳᠠᠯᠢᠮᠳᠠᠭᠤᠯᠤᠨ ᠪᠠᠲᠤ ᠬᠦᠰᠡᠯ ᠢ᠋ᠶ᠋ᠡᠨ ᠭᠦᠢᠴᠡᠭᠡᠵᠦ ᠥᠪᠡᠷ ᠢ᠋ᠶ᠋ᠡᠨ ᠬᠠᠭᠠᠨ ᠰᠢᠷᠡᠭᠡᠨ ᠳ᠋ᠦ᠍ ᠰᠠᠭᠤᠬᠤ ᠪᠠᠷ ᠰᠠᠨᠠᠭᠠᠷᠬᠠᠵᠤ ᠪᠠᠢᠨ᠎ᠠ᠃ ᠲᠡᠢᠮᠦ ᠡᠴᠡ ᠪᠢᠳᠡ ᠺᠢᠫᠴᠡᠺ ᠤ᠋ᠨ ᠲᠠᠯ᠎ᠠ ᠳ᠋ᠤ᠌ ᠣᠴᠢᠬᠤ ᠬᠡᠷᠡᠭ ᠶᠠᠭᠤ ᠪᠢᠯᠡ᠃ ᠡᠰᠡᠷᠭᠦᠴᠡᠨ ᠪᠣᠢ ᠪᠠᠨ ᠢᠯᠡᠷᠬᠡᠢᠯᠡᠵᠦ ᠡᠨᠳᠡ ᠪᠡᠨ ᠰᠠᠭᠤᠶ᠎ᠠ ᠭᠡᠯᠡ᠃ ᠬᠤᠵᠠ᠄
— ᠭᠤᠷᠪᠠᠨ ᠮᠡᠷᠭᠢᠳ ᠤ᠋ᠨ ᠤᠳᠤᠮ ᠭᠡᠵᠦ ᠶᠠᠭᠤ ᠪᠠᠨ ᠳᠡᠮᠡᠢᠷᠡᠭᠡᠳ ᠪᠠᠢᠭ᠎ᠠ ᠶᠤᠮ᠃ ᠪᠠᠲᠤ ᠬᠠᠭᠠᠨ ᠥᠨᠥ ᠴᠦ᠍ ᠪᠢᠳᠡᠨ ᠡᠴᠡ ᠬᠦᠴᠦᠲᠡᠢ ᠬᠡᠪ ᠢ᠋ᠶ᠋ᠡᠷ ᠪᠠᠢᠭ᠎ᠠ᠃ ᠲᠡᠷᠡ ᠴᠡᠷᠢᠭᠯᠡᠨ ᠬᠥᠳᠡᠯᠪᠡᠯ ᠬᠦᠴᠦ ᠪᠡᠷ ᠪᠢᠳᠡᠨ ᠡᠴᠡ ᠲᠥᠷᠥ ᠶ᠋ᠢᠨ ᠡᠷᠬᠡ ᠶ᠋ᠢ ᠠᠪᠴᠤ ᠴᠢᠳᠠᠨ᠎ᠠ᠃ ᠲᠡᠢᠮᠦ ᠡᠴᠡ ᠬᠣᠵᠢᠮ ᠬᠠᠷ᠎ᠠ ᠲᠣᠯᠣᠭᠠᠢ ᠶ᠋ᠢ ᠬᠠᠷᠪᠤᠨ ᠢᠷᠡᠬᠦ ᠠᠶᠤᠯ ᠡᠴᠡ ᠰᠡᠷᠡᠮᠵᠢᠯᠡᠨ ᠬᠤᠷᠠᠯᠲᠠᠢ ᠳ᠋ᠤ᠌ ᠣᠴᠢᠭᠰᠠᠨ ᠨᠢ ᠵᠥᠪ ᠪᠤᠰᠤ ᠤᠤ ᠬᠡᠮᠡᠯ᠎ᠡ᠃
ᠬᠤᠵᠠ ᠲᠠᠢ ᠵᠡᠷᠭᠡᠴᠡᠨ ᠰᠠᠭᠤᠵᠤ ᠪᠠᠢᠭᠰᠠᠨ ᠨᠠᠭᠣ᠂ ᠬᠤᠵᠠ ᠶ᠋ᠢᠨ ᠲᠣᠯᠣᠭᠠᠢ ᠤᠷᠤᠭᠤ ᠶᠣᠪᠣᠷᠴᠤ᠂
— ᠡᠨᠡ ᠮᠠᠭᠤ ᠤᠷᠪᠠᠭᠴᠢ ᠶ᠋ᠢ ᠬᠠᠷᠠᠭᠠᠴᠢ᠂ ᠣᠳᠣ ᠪᠠᠢᠲᠠᠯ᠎ᠠ ᠪᠠᠨ ᠥᠪᠡᠷ ᠤ᠋ᠨ ᠵᠣᠷᠢᠯᠭ᠎ᠠ ᠡᠴᠡ ᠬᠠᠵᠠᠢᠵᠤ ᠨᠥᠭᠦᠭᠡ ᠲᠠᠯ᠎ᠠ ᠳ᠋ᠤ᠌ ᠠᠶ᠎ᠠ ᠲᠠᠯ᠎ᠠ ᠵᠠᠰᠠᠬᠤ ᠰᠠᠨᠠᠭ᠎ᠠ ᠲᠠᠢ᠃ ᠬᠠᠷ᠎ᠠ ᠪᠠᠭ᠎ᠠ ᠡᠴᠡ ᠪᠠᠨ ᠨᠣᠮ ᠱᠠᠭᠠᠢᠵᠤ ᠭᠥᠯᠢᠷᠡᠨ ᠰᠠᠭᠤᠭᠰᠠᠨ ᠬᠥᠮᠦᠨ ᠢᠩᠭᠢᠵᠦ ᠨᠣᠮ ᠤ᠋ᠨ ᠰᠣᠯᠢᠶ᠎ᠠ ᠲᠣᠰᠳᠠᠭ ᠭᠡᠵᠦ ᠬᠥᠬᠥᠯ ᠡᠬᠡ ᠮᠢᠨᠢ ᠬᠡᠯᠡᠳᠡᠭ ᠰᠠᠨ᠃ ᠴᠢ ᠰᠣᠯᠢᠶ᠎ᠠ ᠲᠤᠰᠤᠭᠰᠠᠨ ᠪᠤᠰᠤ ᠤᠤ ᠭᠡᠬᠦ ᠳ᠋ᠦ᠍ ᠬᠤᠵᠠ᠂ᠨᠠᠭᠤ ᠶ᠋ᠢᠨ ᠦᠭᠡᠨ ᠳ᠋ᠦ᠍ ᠲᠡᠰᠦᠭᠰᠡᠨ ᠦᠭᠡᠢ ᠪᠣᠯᠤᠯᠲᠠᠢ᠂
— ᠪᠢ ᠡᠷᠭᠢᠭᠦᠦ ᠤᠤ᠂ ᠴᠢ ᠡᠷᠭᠢᠭᠦᠦ ᠤᠤ ᠭᠡᠵᠦ ᠬᠡᠯᠡᠭᠡᠳ ᠪᠣᠰᠤᠨ ᠢᠷᠡᠯ᠎ᠡ᠃
ᠲᠡᠷᠡ ᠬᠣᠶᠠᠭᠤᠯᠠ ᠵᠠᠭᠠᠮᠠᠳᠠᠯᠴᠠᠨ ᠭᠡᠷ ᠳᠣᠲᠣᠷ᠎ᠠ ᠶᠡᠬᠡ ᠵᠣᠳᠣᠭᠠᠨ ᠢ᠋ ᠡᠭᠦᠰᠬᠡᠪᠡ᠃ ᠡᠨᠡ ᠬᠡᠷᠡᠭᠦᠯ ᠴᠦ᠍ ᠪᠢᠰᠢ᠂ ᠬᠡᠯᠡᠴᠡᠯ ᠴᠦ᠍ ᠪᠢᠰᠢ ᠪᠠᠢᠳᠠᠯ ᠤᠳᠠᠲᠠᠯ᠎ᠠ ᠦᠷᠭᠦᠯᠵᠢᠯᠡᠭᠰᠡᠨ ᠦ᠌ ᠡᠴᠦᠰ ᠲᠦ᠍ ᠴᠠᠭᠠᠲᠠᠢ ᠶ᠋ᠢᠨ ᠬᠦᠦ ᠬᠠᠷ᠎ᠠ ᠦᠯᠡᠬᠦ᠄
— ᠪᠢᠳᠡ ᠪᠠᠲᠤ ᠳ᠋ᠤ᠌ ᠢᠳᠡᠭᠡᠨ ᠬᠤᠷᠠᠯᠳᠠᠢ ᠳ᠋ᠤ᠌ ᠣᠴᠢᠵᠤ ᠪᠣᠯᠬᠤ ᠦᠭᠡᠢ᠃ ᠲᠡᠷᠡ ᠴᠠᠭ ᠲᠤ᠌ ᠭᠦᠶᠦᠭ ᠬᠠᠭᠠᠨ ᠤ᠋ ᠥᠭᠡᠳᠡ ᠡᠴᠡ ᠶᠡᠬᠡ ᠴᠡᠷᠢᠭ ᠠᠪᠤᠨ ᠬᠥᠳᠡᠯᠵᠦ ᠪᠠᠢᠭᠰᠠᠨ ᠢ᠋ ᠮᠠᠷᠲᠠᠭ᠎ᠠ ᠤᠤ᠃ ᠬᠠᠭᠠᠨ ᠡᠵᠡᠨ ᠳ᠋ᠦ᠍ ᠲᠣᠬᠢᠶᠠᠭᠰᠠᠨ ᠭᠠᠰᠢᠭᠤᠨ ᠦᠨᠡᠨ ᠪᠢᠳᠡᠨ ᠳ᠋ᠦ᠍ ᠢᠷᠡᠬᠦ ᠶ᠋ᠢ ᠦᠭᠡᠢᠰᠬᠡᠬᠦ ᠠᠷᠭ᠎ᠠ ᠦᠭᠡᠢ ᠪᠤᠰᠤ ᠤᠤ ᠭᠡᠯᠡ᠃
ᠬᠤᠷᠠᠯᠲᠠᠢ ᠶ᠋ᠢᠨ ᠴᠢᠮᠡᠭᠡ ᠲᠠᠯ᠎ᠠ ᠨᠤᠲᠤᠭ ᠲᠤ᠌ ᠲᠠᠷᠬᠠᠭᠰᠠᠨ ᠡᠴᠡ ᠬᠣᠢᠰᠢ ᠬᠡᠳᠦᠨ ᠳᠣᠯᠣᠭ᠎ᠠ ᠬᠣᠨᠣᠭ ᠥᠩᠭᠡᠷᠡᠪᠡ᠃ ᠠᠯᠲᠠᠨ ᠤᠷᠤᠭ ᠤ᠋ᠨ ᠠᠬᠠᠮᠠᠳ ᠬᠥᠮᠦᠨ ᠪᠠᠲᠤ ᠶ᠋ᠢᠨ ᠵᠠᠷᠯᠠᠭᠰᠠᠨ ᠬᠤᠷᠠᠯᠲᠠᠢ ᠶ᠋ᠢ ᠬᠦᠯᠢᠶᠡᠨ ᠵᠥᠪᠰᠢᠶᠡᠷᠡᠵᠦ ᠠᠯᠲᠠᠨ ᠤᠷᠤᠭ ᠤ᠋ᠨ ᠬᠢᠨ ᠣᠴᠢᠬᠤ ᠡᠰᠡᠬᠦ ᠪᠡᠨ ᠰᠢᠢᠳᠦᠨ ᠪᠠᠢᠪᠠ᠃ ᠢᠰᠢᠭᠡᠨ ᠬᠥᠯ ᠨᠠᠭᠤᠷ ᠤ᠋ᠨ ᠡᠷᠭᠢ ᠳᠡᠭᠡᠷ᠎ᠡ ᠪᠣᠯᠬᠤ ᠡᠨᠡ ᠬᠤᠷᠠᠯᠳᠠᠢ ᠶ᠋ᠢᠨ ᠵᠠᠷ ᠢ᠋ ᠬᠦᠯᠢᠶᠡᠨ ᠠᠪᠤᠭᠰᠠᠨ ᠬᠤᠪᠢᠯᠠᠢ ᠾᠧᠪᠧᠢ ᠮᠣᠵᠢ ᠡᠴᠡ ᠬᠠᠷᠠᠬᠣᠷᠣᠮ ᠳ᠋ᠤ᠌ ᠢᠷᠡᠵᠡᠢ᠃ ᠭᠤᠷᠪᠠᠨ ᠭᠣᠣᠯ ᠤ᠋ᠨ ᠰᠠᠪᠠ ᠡᠴᠡ ᠠᠷᠢᠭᠪᠥ᠋ᠬᠡ᠂ ᠬᠦᠯᠡᠬᠦ ᠨᠠᠷ ᠢᠷᠡᠵᠦ᠂ ᠲᠡᠳᠡ ᠴᠥᠮ ᠣᠷᠬᠣᠨ ᠭᠣᠣᠯ ᠤ᠋ᠨ ᠬᠥᠪᠡᠭᠡ ᠪᠡᠷ ᠨᠤᠲᠤᠭᠯᠠᠵᠤ ᠪᠠᠢᠭ᠎ᠠ ᠮᠥᠩᠬᠡ ᠶ᠋ᠢᠨ ᠦᠷᠭᠦᠭᠡᠨ ᠳ᠋ᠦ᠍ ᠴᠤᠭᠯᠠᠵᠠᠢ᠃ ᠮᠥᠩᠬᠡ ᠦᠷᠭᠦᠭᠡᠨ ᠦ᠌ ᠬᠣᠢᠮᠣᠷ ᠲᠤ᠌ ᠬᠠᠲᠤᠨ ᠡᠬᠡ ᠶ᠋ᠢᠨ ᠬᠠᠮᠲᠤ ᠵᠠᠯᠠᠷᠠᠭᠰᠠᠨ ᠪᠠᠢᠪᠠ᠃ ᠰᠤᠷᠬᠠᠭᠳᠠᠨᠢ ᠬᠠᠲᠤᠨ᠄
— ᠪᠠᠲᠤ ᠬᠠᠭᠠᠨ ᠠᠯᠲᠠᠨ ᠣᠷᠳᠣᠨ ᠤ᠋ ᠤᠯᠤᠰ ᠲᠤ᠌ ᠬᠤᠷᠠᠯᠳᠠᠢ ᠵᠠᠷᠯᠠᠵᠤ᠂ ᠠᠯᠲᠠᠨ ᠤᠷᠤᠭ ᠤ᠋ᠨ ᠬᠢᠨ ᠢ᠋ ᠳᠠᠭᠤᠳᠠᠭᠤᠯᠤᠭᠰᠠᠨ ᠴᠤ᠌ ᠬᠠᠨ ᠬᠥᠪᠡᠭᠦᠳ ᠣᠴᠢᠬᠤ ᠡᠰᠡᠬᠦ ᠨᠢ ᠡᠷᠡᠭᠡᠯᠵᠡᠭᠡ ᠲᠡᠢ ᠪᠠᠢᠨ᠎ᠠ᠃ ᠬᠠᠷᠢᠨ ᠬᠥᠪᠡᠭᠦᠳ ᠲᠠ ᠨᠠᠷ ᠡᠨᠡ ᠬᠤᠷᠠᠯᠲᠠᠢ ᠳ᠋ᠤ᠌ ᠣᠴᠢᠬᠤ ᠶᠣᠰᠣᠲᠠᠢ᠃ ᠪᠢ ᠪᠠᠲᠤ ᠳ᠋ᠤ᠌ ᠠᠯᠲᠠᠨ ᠤᠷᠤᠭ ᠤ᠋ᠨ ᠠᠬᠠᠮᠠᠳ ᠬᠥᠮᠦᠨ ᠭᠡᠳᠡᠭ ᠢ᠋ ᠨᠢ ᠰᠠᠨᠠᠭᠤᠯᠤᠨ ᠬᠡᠯᠡᠬᠦ ᠳ᠋ᠡᠭᠡᠨ ᠥᠪᠡᠷ ᠤ᠋ᠨ ᠰᠠᠨᠠᠭ᠎ᠠ ᠪᠠᠨ ᠳᠠᠪᠬᠤᠷ ᠢᠯᠡᠭᠡᠭᠰᠡᠨ ᠲᠤᠯᠠ ᠬᠤᠷᠠᠯᠲᠠᠢ ᠲᠤᠯᠤᠢ ᠶ᠋ᠢᠨ ᠦᠷ᠎ᠡ ᠰᠡᠳᠦ ᠦᠭᠡᠢ ᠪᠡᠷ ᠪᠣᠯᠬᠤ ᠤᠴᠢᠷ ᠦᠭᠡᠢ ᠬᠡᠮᠡᠪᠡ᠃ ᠬᠥᠪᠡᠭᠦᠳ ᠤ᠋ᠨ ᠳᠤᠮᠳᠠ ᠡᠴᠡ ᠬᠤᠪᠢᠯᠠᠢ᠄
— ᠠᠯᠲᠠᠨ ᠤᠷᠤᠭ ᠤ᠋ᠨ ᠬᠠᠨ ᠬᠥᠪᠡᠭᠦᠳ ᠺᠢᠫᠴᠠᠺ ᠤ᠋ᠨ ᠲᠠᠯ᠎ᠠ ᠳ᠋ᠤ᠌ ᠣᠴᠢᠬᠤ ᠦᠭᠡᠢ ᠭᠡᠵᠦ ᠶᠠᠷᠢᠯᠴᠠᠵᠤ ᠪᠠᠢᠨ᠎ᠠ᠃ ᠪᠢᠳᠡ ᠬᠠᠨ ᠬᠥᠪᠡᠭᠦᠳ ᠡᠴᠡ ᠲᠤᠰᠠᠭᠠᠷ ᠬᠤᠷᠠᠯᠲᠠᠢ ᠳ᠋ᠤ᠌ ᠣᠴᠢᠬᠤ ᠠᠪᠠᠰᠤ ᠠᠯᠲᠠᠨ ᠤᠷᠤᠭ ᠤ᠋ᠨ ᠬᠢᠨ ᠦ᠌ ᠳᠤᠮᠳᠠ ᠦᠯᠦ ᠣᠢᠯᠠᠭᠠᠯᠴᠠᠯ ᠤ᠋ᠨ ᠡᠬᠢᠯᠡᠯ ᠢ᠋ ᠲᠠᠯᠪᠢᠵᠤ ᠪᠣᠯᠤᠨ᠎ᠠ ᠬᠡᠮᠡᠪᠡ᠃ ᠰᠤᠷᠬᠠᠭᠳᠠᠨᠢ ᠬᠠᠲᠤᠨ᠄
— ᠪᠠᠲᠤ ᠬᠠᠭᠠᠨ ᠤ᠋ ᠵᠠᠷᠯᠠᠭᠰᠠᠨ ᠬᠤᠷᠠᠯᠳᠠᠢ ᠳ᠋ᠤ᠌ ᠲᠤᠯᠤᠢ ᠶ᠋ᠢᠨ ᠦᠷ᠎ᠡ ᠬᠡᠦᠬᠡᠳ ᠣᠴᠢᠬᠤ ᠨᠢ ᠪᠤᠷᠤᠭᠤ ᠬᠡᠷᠡᠭ ᠶᠠᠭᠤ ᠪᠢᠯᠡ᠃ ᠭᠡᠪᠡᠴᠦ ᠠᠯᠲᠠᠨ ᠤᠷᠤᠭ ᠤ᠋ᠨ ᠬᠢᠨ ᠦ᠌ ᠳᠤᠮᠳᠠ ᠶᠡᠬᠡ ᠮᠠᠷᠭᠤᠭᠠᠨ ᠤ᠋ ᠡᠬᠢᠯᠡᠯ ᠲᠠᠯᠪᠢᠨ᠎ᠠ ᠭᠡᠮᠡᠨ ᠰᠡᠷᠡᠮᠵᠢᠯᠡᠵᠦ ᠪᠠᠢᠪᠠᠯ ᠬᠤᠷᠠᠯᠳᠠᠢ ᠳ᠋ᠤ᠌ ᠣᠴᠢᠬᠤ ᠰᠢᠯᠲᠠᠭ ᠢ᠋ᠶ᠋ᠠᠨ ᠪᠢᠳᠡ ᠵᠥᠪ ᠭᠠᠷᠭᠠᠬᠤ ᠬᠡᠷᠡᠭᠲᠡᠢ᠃ ᠡᠵᠢ ᠨᠢ ᠪᠠᠲᠤ ᠳ᠋ᠤ᠌ ᠵᠠᠬᠢᠳᠠᠯ ᠢᠯᠡᠭᠡᠬᠦ ᠳ᠋ᠡᠭᠡᠨ ᠨᠢᠭᠡ ᠳ᠋ᠦ᠍ ᠪᠠᠲᠤ ᠶ᠋ᠢᠨ ᠡᠪᠡᠳᠴᠢᠨ ᠲᠡᠢ ᠡᠰᠡᠬᠦ ᠶ᠋ᠢ ᠨᠢ ᠮᠡᠳᠡᠬᠦ᠂ ᠬᠣᠶᠠᠷ ᠲᠤ᠌ ᠨᠠᠰᠤ ᠥᠨᠳᠥᠷ ᠠᠬ᠎ᠠ ᠳ᠋ᠠᠭᠠᠨ ᠬᠦᠨᠳᠦᠳᠬᠡᠯ ᠦᠵᠡᠭᠦᠯᠬᠦ ᠵᠣᠷᠢᠯᠭ᠎ᠠ ᠪᠠᠷ ᠶᠠᠪᠤᠵᠤ ᠪᠠᠢᠭ᠎ᠠ ᠪᠠᠨ ᠮᠡᠳᠡᠭᠳᠡᠨ᠎ᠡ᠃ ᠬᠠᠭᠠᠨ ᠤ᠋ ᠣᠷᠣᠨ ᠳ᠋ᠤ᠌ ᠬᠠᠭᠠᠨ ᠪᠣᠯᠤᠨ ᠣᠳᠤᠭᠰᠠᠨ ᠡᠴᠢᠭᠡ ᠶ᠋ᠢᠨ ᠢ᠋ᠶ᠋ᠡᠨ ᠲᠥᠯᠥᠭᠡ᠂ ᠶᠡᠬᠡ ᠬᠠᠭᠠᠨ ᠤ᠋ ᠦᠢᠯᠡ ᠬᠡᠷᠡᠭ ᠢ᠋ ᠦᠷᠭᠦᠯᠵᠢᠯᠡᠭᠦᠯᠬᠦ ᠬᠥᠮᠦᠨ ᠬᠥᠪᠡᠭᠦᠳ ᠮᠢᠨᠢ ᠲᠠ ᠨᠠᠷ ᠮᠥᠨ ᠡᠴᠡ ᠮᠥᠨ᠃ ᠣᠳᠣ ᠴᠠᠭ ᠨᠢ ᠪᠣᠯᠵᠠᠢ᠃ ᠮᠥᠩᠬᠡ ᠬᠦᠦ ᠮᠢᠨᠢ ᠴᠢ ᠳᠡᠭᠦᠦ ᠨᠠᠷ ᠢ᠋ᠶ᠋ᠠᠨ ᠠᠪᠴᠤ᠂ ᠠᠯᠲᠠᠨ ᠣᠷᠳᠣᠨ ᠤ᠋ ᠤᠯᠤᠰ ᠤᠷᠤᠭᠤ ᠶᠠᠭᠠᠷᠠᠪᠴᠢᠯᠠᠨ ᠬᠥᠳᠡᠯ ᠬᠡᠮᠡᠪᠡ᠃
ᠠᠯᠲᠠᠨ ᠣᠷᠳᠣᠨ ᠤ᠋ ᠤᠯᠤᠰ ᠲᠤ᠌ ᠪᠣᠯᠬᠤ ᠨᠣᠶᠠᠳ ᠤ᠋ᠨ ᠴᠢᠭᠤᠯᠭᠠᠨ ᠤ᠋ ᠮᠡᠳᠡᠭᠡ ᠶ᠋ᠢ ᠠᠪᠤᠭᠰᠠᠨ ᠤᠭᠤᠯ ᠬᠠᠢᠮᠢᠱ ᠬᠠᠲᠤᠨ ᠬᠠᠨ ᠬᠥᠪᠡᠭᠦᠳ ᠢ᠋ᠶ᠋ᠡᠨ ᠳᠠᠭᠤᠳᠠᠭᠤᠯᠤᠭᠰᠠᠨ ᠪᠠᠢᠯ᠎ᠠ᠃ ᠥᠨᠥ ᠥᠪᠡᠷ ᠥᠪᠡᠷ ᠤ᠋ᠨ ᠤᠯᠤᠰ ᠢ᠋ᠶ᠋ᠠᠨ ᠪᠠᠢᠭᠤᠯᠤᠨ ᠡᠬᠡ ᠡᠴᠡ ᠪᠡᠨ ᠪᠤᠷᠤᠭᠤ ᠬᠠᠷᠠᠵᠤ ᠰᠠᠭᠤᠭᠰᠠᠨ ᠬᠥᠪᠡᠭᠦᠳ ᠠᠷᠭ᠎ᠠ ᠪᠤᠶᠤ ᠡᠬᠡ ᠶ᠋ᠢᠨ ᠦᠷᠭᠦᠭᠡᠨ ᠳ᠋ᠦ᠍ ᠪᠠᠷᠠᠯᠬᠠᠨ ᠢᠷᠡᠵᠡᠢ᠃ ᠬᠡᠵᠢᠶ᠎ᠡ ᠮᠥᠳᠳᠥ ᠦᠭᠡᠢ ᠥᠪᠡᠷᠰᠡᠳ ᠡᠴᠡ ᠨᠢ ᠰᠢᠯᠲᠠᠭᠠᠯᠠᠬᠤ ᠦᠭᠡᠢ ᠪᠡᠷ ᠬᠤᠷᠠᠯᠲᠠᠢ ᠴᠢᠭᠤᠯᠵᠤ᠂ ᠰᠢᠨ᠎ᠡ ᠬᠠᠭᠠᠨ ᠡᠵᠡᠨ ᠰᠡᠨᠳᠡᠢ ᠳ᠋ᠡᠭᠡᠨ ᠵᠠᠯᠠᠷᠠᠬᠤ ᠴᠠᠭ ᠢᠷᠡᠨ᠎ᠡ ᠭᠡᠬᠦ ᠡᠴᠡ ᠲᠡᠳᠡ ᠡᠮᠢᠶᠡᠭᠰᠡᠨ ᠬᠡᠷᠡᠭ ᠪᠠᠢᠯ᠎ᠠ᠃ ᠬᠤᠷᠠᠯᠲᠠᠢ ᠳ᠋ᠤ᠌ ᠣᠴᠢᠬᠤ ᠡᠰᠡᠬᠦ ᠪᠡᠨ ᠰᠡᠢᠳᠴᠦ ᠶᠠᠳᠠᠨ ᠪᠠᠢᠭᠰᠠᠨ ᠬᠠᠨ ᠬᠥᠪᠡᠭᠦᠳ ᠰᠠᠶᠢ ᠡᠬᠡ ᠲᠡᠢ ᠪᠡᠨ ᠵᠥᠪᠯᠡᠬᠦ ᠪᠡᠷ ᠢᠷᠡᠵᠦ᠂ ᠲᠤᠭᠤᠷᠭ᠎ᠠ ᠲᠤᠰᠠᠭᠠᠷ ᠪᠣᠯ ᠲᠤᠰ ᠲᠤᠰ ᠤ᠋ᠨ ᠳᠠᠢᠰᠤᠨ ᠪᠣᠯᠳᠠᠭ ᠦᠨᠡᠨ ᠢ᠋ ᠣᠢᠯᠠᠭᠠᠨ ᠨᠢᠭᠡᠳᠴᠡᠢ᠃ ᠤᠭᠤᠯ ᠬᠠᠢᠮᠢᠱ ᠬᠠᠲᠤᠨ᠂ ᠬᠤᠵᠠ᠂ ᠨᠠᠭᠤ ᠬᠣᠶᠠᠷ ᠢ᠋ ᠡᠭᠡᠯᠵᠢᠯᠡᠨ ᠬᠠᠷᠠᠭᠠᠳ᠂
— ᠪᠢᠳᠡ ᠥᠪᠡᠷ ᠵᠠᠭᠤᠷ᠎ᠠ ᠪᠠᠨ ᠤᠴᠢᠷ ᠢ᠋ᠶ᠋ᠠᠨ ᠡᠰᠡ ᠣᠯᠤᠨ ᠰᠠᠭᠤᠬᠤ ᠳ᠋ᠤ᠌ ᠪᠠᠲᠤ ᠠᠯᠲᠠᠨ ᠣᠷᠳᠣᠨ ᠤ᠋ ᠤᠯᠤᠰ ᠲᠠᠭᠠᠨ ᠬᠤᠷᠠᠯᠳᠠᠢ ᠵᠠᠷᠯᠠᠵᠤ᠂ ᠬᠠᠭᠠᠨᠲᠤ ᠲᠥᠷᠥ ᠶ᠋ᠢᠨ ᠳᠠᠷᠠᠭ᠎ᠠ ᠶ᠋ᠢᠨ ᠡᠵᠡᠨ ᠢ᠋ ᠰᠣᠩᠭᠣᠬᠤ ᠵᠠᠷ ᠢ᠋ ᠲᠠᠷᠬᠠᠭᠠᠯ᠎ᠠ᠃ ᠬᠡᠵᠢᠶ᠎ᠡ ᠮᠥᠳᠳᠥ ᠦᠭᠡᠢ ᠳᠠᠷᠠᠭ᠎ᠠ ᠶ᠋ᠢᠨ ᠬᠠᠭᠠᠨ ᠰᠢᠷᠡᠭᠡᠨ ᠳ᠋ᠡᠭᠡᠨ ᠵᠠᠯᠠᠷᠠᠵᠤ᠂ ᠪᠢᠳᠡ ᠬᠡᠨ ᠴᠤ᠌ ᠪᠢᠰᠢ ᠪᠣᠯᠤᠨ ᠭᠠᠵᠠᠷ ᠤ᠋ᠨ ᠬᠥᠷᠥᠰᠥᠨ ᠳᠡᠭᠡᠷ᠎ᠡ ᠡᠴᠡ ᠠᠷᠴᠢᠭᠳᠠᠬᠤ ᠠᠶᠤᠯ ᠨᠢᠭᠤᠷᠯᠠᠵᠤ ᠪᠠᠢᠨ᠎ᠠ ᠬᠡᠮᠡᠬᠦ ᠳ᠋ᠦ᠍ ᠨᠠᠭᠤ ᠄
— ᠡᠨᠡ ᠪᠣᠯ ᠡᠬᠡ ᠲᠠᠨ ᠡᠴᠡ ᠪᠣᠯᠤᠭᠰᠠᠨ ᠬᠡᠷᠡᠭ᠃ ᠥᠨᠥ ᠶ᠋ᠢ ᠬᠦᠷᠲᠡᠯ᠎ᠡ ᠥᠪᠡᠷ ᠤ᠋ᠨ ᠬᠥᠪᠡᠭᠦᠳ ᠡᠴᠡ ᠪᠤᠷᠤᠭᠤ ᠬᠠᠷᠠᠨ ᠰᠠᠭᠤᠭᠰᠠᠨ ᠡᠵᠢ ᠲᠠᠨ ᠤ᠋ ᠠᠯᠳᠠᠭ᠎ᠠ ᠡᠴᠡ ᠡᠭᠦᠳᠦᠯ ᠲᠡᠢ ᠭᠡᠮᠡᠨ ᠠᠭᠤᠷ ᠲᠠᠢ ᠪᠠᠷ ᠬᠡᠯᠡᠪᠡ᠃ ᠤᠭᠤᠯ ᠬᠠᠢᠮᠢᠱ ᠬᠠᠲᠤᠨ ᠬᠥᠪᠡᠭᠦᠳ ᠡᠴᠡ ᠪᠡᠨ᠂
— ᠲᠡᠭᠡᠪᠡᠯ ᠣᠳᠣ ᠴᠤ᠌ ᠣᠷᠣᠢᠲᠠᠭᠠ ᠦᠭᠡᠢ ᠪᠠᠢᠨ᠎ᠠ᠃ ᠲᠠ ᠬᠣᠶᠠᠷ ᠤ᠋ᠨ ᠬᠡᠨ ᠨᠢ ᠬᠠᠭᠠᠨ ᠪᠣᠯᠬᠤ ᠪᠣᠢ ᠭᠡᠮᠡᠨ ᠠᠰᠠᠭᠤᠬᠤ ᠳ᠋ᠤ᠌ ᠬᠥᠪᠡᠭᠦᠳ ᠡᠬᠡ ᠶ᠋ᠢᠨ ᠦᠭᠡ ᠶ᠋ᠢ ᠰᠣᠨᠣᠰᠤᠭᠠᠳ ᠴᠢᠬᠢᠨ ᠳ᠋ᠡᠭᠡᠨ ᠢᠲᠡᠭᠡᠭᠰᠡᠨ ᠦᠭᠡᠢ ᠬᠡᠰᠡᠭ ᠲᠡᠭᠡᠨᠡᠭᠡᠯᠵᠡᠨ ᠪᠠᠢᠭᠰᠠᠨ ᠢ᠋ᠶ᠋ᠠᠨ ᠰᠠᠶᠢ ᠨᠠᠭᠤ᠂ ᠬᠤᠵᠠ ᠡᠴᠡ ᠲᠦᠷᠦᠭᠦᠯᠡᠨ᠂
— ᠪᠢ ᠲᠣᠮᠣ ᠬᠦᠦ ᠤᠴᠢᠷ ᠬᠠᠭᠠᠨ ᠪᠣᠯᠬᠤ ᠤᠴᠢᠷ ᠲᠠᠢ᠂ ᠡᠵᠢ ᠲᠠ ᠨᠠᠮᠠᠶ᠋ᠢ ᠬᠠᠭᠠᠨ ᠣᠷᠣ ᠰᠠᠭᠤᠬᠤ ᠬᠥᠮᠦᠨ ᠭᠡᠮᠡᠨ ᠵᠥᠪᠰᠢᠶᠡᠷᠡᠨ᠎ᠡ ᠤᠤ ᠬᠡᠮᠡᠬᠦ ᠳ᠋ᠦ᠍ ᠬᠤᠵᠠ᠄
— ᠨᠠᠰᠤᠨ ᠤ᠋ ᠶᠡᠬᠡ ᠪᠡᠷ ᠬᠠᠭᠠᠨ ᠪᠣᠯᠳᠠᠭ ᠦᠭᠡᠢ᠂ ᠤᠬᠠᠭᠠᠨ ᠤ᠋ ᠶᠡᠬᠡ ᠪᠡᠷ ᠬᠠᠭᠠᠨ ᠪᠣᠯᠳᠠᠭ ᠪᠤᠰᠤ ᠤᠤ᠃ ᠨᠠᠳᠠ ᠳ᠋ᠤ᠌ ᠡᠮᠡᠭᠡ ᠡᠬᠡ ᠶ᠋ᠢᠨ ᠬᠠᠮᠲᠤ ᠲᠤᠭᠤᠯᠵᠤ ᠰᠣᠨᠣᠰᠤᠭᠰᠠᠨ ᠡᠷᠳᠡᠮ ᠨᠣᠮ᠂ ᠤᠬᠠᠭᠠᠨ ᠪᠢᠯᠢᠭ᠂ ᠠᠷᠠᠳ ᠢ᠋ ᠵᠠᠰᠠᠬᠤ ᠠᠷᠪᠢᠨ ᠶᠡᠬᠡ ᠲᠤᠷᠰᠢᠯᠭ᠎ᠠ ᠪᠣᠢ ᠬᠡᠮᠡᠪᠡ᠃
ᠬᠥᠪᠡᠭᠦᠳ ᠤ᠋ᠨ ᠢ᠋ᠶ᠋ᠡᠨ ᠬᠠᠭᠠᠨ ᠰᠢᠷᠡᠭᠡᠨ ᠦ᠌ ᠲᠥᠯᠥᠭᠡ ᠪᠡᠶ᠎ᠡ ᠪᠠᠶᠠᠨ ᠢ᠋ᠶ᠋ᠠᠨ ᠦᠭᠡᠢᠰᠬᠡᠨ ᠪᠠᠢᠭ᠎ᠠ ᠶ᠋ᠢ ᠬᠠᠷᠠᠭᠰᠠᠨ ᠤᠭᠤᠯ ᠬᠠᠢᠮᠢᠱ ᠬᠠᠲᠤᠨ ᠰᠡᠳᠬᠢᠯ ᠢ᠋ᠶ᠋ᠡᠷ ᠤᠨᠠᠪᠠ᠃
— ᠲᠠ ᠬᠣᠶᠠᠷ ᠥᠪᠡᠷᠰᠡᠳ ᠢ᠋ ᠪᠡᠨ ᠬᠠᠷ᠎ᠠ᠃ ᠬᠠᠭᠠᠨ ᠪᠣᠯᠬᠤ ᠶ᠋ᠢᠨ ᠲᠥᠯᠥᠭᠡ ᠪᠡᠶ᠎ᠡ ᠪᠡᠶ᠎ᠡ ᠪᠡᠨ ᠥᠨᠥ ᠦᠭᠡᠢᠰᠬᠡᠨ ᠪᠠᠢᠭ᠎ᠠ ᠬᠥᠪᠡᠭᠦᠳ ᠲᠡᠭᠡᠨ ᠪᠢ ᠬᠡᠷᠬᠢᠨ ᠢᠲᠡᠭᠡᠬᠦ ᠪᠢᠯᠡ᠃ ᠲᠠ ᠨᠠᠷ ᠤᠬᠠᠭᠠᠨ ᠰᠠᠭᠤᠭ᠎ᠠ ᠦᠭᠡᠢ ᠪᠠᠯᠴᠢᠷ ᠠᠲᠠᠯ᠎ᠠ ᠬᠠᠭᠠᠨ ᠰᠢᠷᠡᠭᠡᠨ ᠦ᠌ ᠲᠥᠯᠥᠭᠡ ᠶᠠᠭᠤᠨ ᠳ᠋ᠤ᠌ ᠤᠯᠠᠢᠷᠠᠨ ᠪᠠᠢᠨ᠎ᠠ ᠪᠣᠢ᠃ ᠬᠠᠭᠠᠨ ᠰᠢᠷᠡᠭᠡ ᠭᠡᠳᠡᠭ ᠤᠬᠠᠭᠠᠨ ᠲᠠᠢ ᠬᠥᠮᠦᠨ ᠳ᠋ᠦ᠍ ᠬᠦᠰᠡᠬᠦ ᠵᠦᠢᠯ ᠮᠥᠨ ᠴᠦ᠍ ᠤᠬᠠᠭᠠᠨ ᠮᠠᠭᠤᠲᠠᠢ ᠬᠥᠮᠦᠨ ᠳ᠋ᠦ᠍ ᠦᠬᠦᠬᠦ ᠠᠶᠤᠯ ᠠᠪᠴᠢᠷᠠᠳᠠᠭ᠃ ᠡᠬᠡ ᠬᠥᠮᠦᠨ ᠦᠷ᠎ᠡ ᠪᠡᠨ ᠲᠡᠨᠡᠭ ᠮᠤᠯᠭᠤ᠂ ᠤᠬᠠᠭᠠᠨ ᠲᠠᠢ ᠰᠡᠴᠡᠨ ᠠᠯᠢ ᠨᠢ ᠪᠠᠢᠯ᠎ᠠ ᠴᠤ᠌ ᠥᠪᠡᠷ ᠡᠴᠡ ᠤᠨᠠᠭᠰᠠᠨ ᠤᠴᠢᠷ ᠬᠠᠢᠷᠠᠯᠠᠨ ᠥᠰᠬᠡᠳᠡᠭ᠃ ᠪᠢ ᠲᠠ ᠬᠣᠶᠠᠷ ᠢ᠋ ᠬᠠᠭᠠᠨ ᠰᠢᠷᠡᠭᠡᠨ ᠦ᠌ ᠲᠥᠯᠥᠭᠡ ᠪᠡᠶ᠎ᠡ ᠪᠡᠶ᠎ᠡ ᠶ᠋ᠢᠨ ᠴᠢᠰᠤ ᠶ᠋ᠢ ᠤᠷᠤᠰᠬᠠᠬᠤ ᠡᠴᠡ᠂ ᠬᠠᠭᠠᠨ ᠰᠢᠷᠡᠭᠡᠨ ᠳ᠋ᠦ᠍ ᠬᠡᠨ ᠨᠢᠭᠡᠨ ᠰᠠᠭᠤᠯ᠎ᠠ ᠴᠤ᠌ ᠬᠡᠵᠢᠶ᠎ᠡ ᠨᠢᠭᠡᠨ ᠡᠳᠦᠷ ᠠᠮᠢ ᠪᠠᠨ ᠠᠯᠳᠠᠬᠤ ᠡᠴᠡ ᠡᠮᠢᠶᠡᠵᠦ ᠪᠠᠢᠨ᠎ᠠ᠃ ᠨᠠᠳᠠ ᠳ᠋ᠤ᠌ ᠦᠷ᠎ᠡ ᠬᠡᠦᠬᠡᠳ ᠮᠢᠨᠢ ᠬᠡᠷᠡᠭ ᠲᠡᠢ ᠲᠤᠯᠠ ᠪᠢ ᠢᠩᠭᠢᠭᠰᠡᠨ ᠬᠡᠷᠡᠭ᠃ ᠲᠠ ᠬᠣᠶᠠᠷ ᠤ᠋ᠨ ᠶᠠᠭ ᠡᠨᠡ ᠪᠠᠢᠳᠠᠯ ᠱᠢᠭ᠋ ᠤᠷᠢᠳᠤ ᠨᠢᠭᠡᠨ ᠴᠠᠭ ᠲᠤ᠌ ᠵᠥᠴᠢ᠂ ᠴᠠᠭᠠᠲᠠᠢ ᠠᠪᠠᠭ᠎ᠠ ᠨᠠᠷ ᠴᠢᠨᠢ ᠮᠠᠭᠤᠳᠠᠯᠴᠠᠨ ᠪᠠᠢᠭᠰᠠᠨ ᠢ᠋ ᠰᠠᠨᠠᠭᠠᠷᠠᠢ᠃ ᠲᠡᠭᠡᠬᠦ ᠳ᠋ᠦ᠍ ᠴᠢᠩᠭᠢᠰ ᠬᠠᠭᠠᠨ ᠣᠯᠠᠨ ᠲᠣᠯᠣᠭᠠᠢ ᠲᠠᠢ ᠮᠣᠭᠠᠢ ᠶ᠋ᠢᠨ ᠦᠯᠢᠭᠡᠷ ᠢ᠋ ᠶᠠᠷᠢᠵᠤ ᠪᠠᠢᠭᠰᠠᠨ᠃ ᠣᠯᠠᠨ ᠲᠣᠯᠣᠭᠠᠢ ᠲᠠᠢ ᠨᠢᠭᠡ ᠰᠡᠭᠦᠯ ᠲᠡᠢ ᠮᠣᠭᠠᠢ ᠬᠠᠮᠢᠭᠠᠰᠢ ᠶᠠᠪᠤᠬᠤ ᠲᠤᠬᠠᠢ ᠪᠠᠨ ᠰᠢᠢᠳᠴᠦ ᠴᠢᠳᠠᠬᠤ ᠦᠭᠡᠢ ᠲᠣᠯᠣᠭᠠᠢ ᠨᠤᠭᠤᠳ ᠨᠢ ᠬᠣᠭᠣᠷᠣᠨᠳᠣ ᠪᠠᠨ ᠬᠡᠷᠡᠯᠳᠦᠵᠦ᠂ ᠥᠪᠡᠷ ᠥᠪᠡᠷ ᠤ᠋ᠨ ᠵᠦᠭ ᠢ᠋ ᠵᠢᠭᠠᠨ ᠪᠠᠢᠭᠰᠠᠭᠠᠷ ᠡᠪᠦᠯ ᠤ᠋ᠨ ᠬᠦᠢᠲᠡᠨ ᠳ᠋ᠦ᠍ ᠣᠷᠣᠬᠤ ᠨᠦᠬᠡ ᠪᠡᠨ ᠣᠯᠬᠤ ᠦᠭᠡᠢ ᠬᠥᠯᠳᠡᠵᠦ ᠦᠬᠦᠭᠰᠡᠨ ᠪᠣᠯ ᠭᠠᠭᠴᠠ ᠲᠣᠯᠣᠭᠠᠢ ᠲᠠᠢ ᠣᠯᠠᠨ ᠰᠡᠭᠦᠯ ᠲᠡᠢ ᠮᠣᠭᠠᠢ ᠨᠢ ᠳᠤᠯᠠᠭᠠᠨ ᠭᠠᠵᠠᠷ ᠢ᠋ ᠣᠯᠵᠤ ᠡᠪᠦᠯ ᠢ᠋ ᠡᠰᠡᠨ ᠮᠡᠨᠳᠦ ᠳᠠᠪᠠᠭᠰᠠᠨ ᠲᠤᠬᠠᠢ ᠦᠯᠢᠭᠡᠷ ᠪᠠᠢᠳᠠᠭ ᠭᠡᠪᠡ᠃
ᠬᠤᠵᠠ᠂ᠨᠠᠭᠤ ᠬᠣᠶᠠᠷ ᠥᠨᠥ ᠥᠪᠡᠷᠰᠡᠳ ᠤ᠋ᠨ ᠠᠯᠳᠠᠭ᠎ᠠ ᠶ᠋ᠢ ᠡᠪᠦᠭᠡ ᠳᠡᠭᠡᠳᠦᠰ ᠤ᠋ᠨ ᠵᠢᠱ᠌ᠢᠶᠡᠨ ᠳᠡᠭᠡᠷ᠎ᠡ ᠡᠴᠡ ᠰᠣᠨᠣᠰᠤᠯ᠎ᠠ᠃ ᠲᠡᠳᠡᠨ ᠳ᠋ᠦ᠍ ᠴᠠᠭᠠᠰᠢ ᠮᠠᠷᠭᠤᠬᠤ ᠬᠦᠰᠡᠯ ᠪᠠᠢᠭᠰᠠᠨ ᠦᠭᠡᠢ᠃ ᠬᠠᠷᠢᠨ ᠬᠡᠯᠡᠯᠴᠡᠬᠦ ᠨᠢᠭᠡ ᠠᠰᠠᠭᠤᠳᠠᠯ ᠦᠯᠡᠳᠡᠭᠰᠡᠨ ᠪᠠᠢᠯ᠎ᠠ᠃ ᠬᠤᠵᠠ᠄
— ᠪᠢᠳᠡ ᠺᠢᠫᠴᠡᠺ ᠤ᠋ᠨ ᠲᠠᠯ᠎ᠠ ᠳ᠋ᠤ᠌ ᠣᠴᠢᠬᠤ᠂ ᠡᠰᠡ ᠣᠴᠢᠬᠤ ᠪᠠᠨ ᠵᠥᠪᠯᠡᠬᠦ ᠬᠡᠷᠡᠭ ᠲᠡᠢ ᠬᠡᠮᠡᠪᠡ᠃ ᠤᠭᠣᠯ ᠬᠠᠢᠮᠢᠱ ᠬᠠᠲᠤᠨ᠄
— ᠪᠢᠳᠡᠨ ᠢ᠋ ᠣᠴᠢᠬᠤ᠂ ᠡᠰᠡ ᠣᠴᠢᠬᠤ ᠡᠴᠡ ᠰᠢᠯᠲᠠᠭᠠᠯᠠᠬᠤ ᠬᠡᠷᠡᠭ ᠪᠢᠰᠢ᠃ ᠲᠡᠨᠳᠡ ᠪᠣᠯᠬᠤ ᠬᠤᠷᠠᠯᠲᠠᠢ ᠶ᠋ᠢᠨ ᠰᠢᠢᠳ ᠶᠠᠭᠠᠬᠢᠪᠠᠴᠤ ᠭᠦᠶᠦᠭ ᠤ᠋ᠨ ᠦᠷᠡᠰ ᠲᠦ᠍ ᠰᠠᠢᠨ ᠢ᠋ᠶ᠋ᠠᠷ ᠲᠤᠰᠬᠤ ᠦᠭᠡᠢ ᠪᠣᠯᠪᠠ ᠤᠤ᠃ᠪᠢᠳᠡᠨ ᠳᠡᠩᠳᠡᠭᠦᠦ ᠶᠡᠬᠡ ᠴᠠᠭ ᠠᠯᠳᠠᠵᠠᠢ ᠬᠡᠮᠡᠪᠡ᠃ ᠬᠤᠵᠠ:
— ᠣᠴᠢᠬᠤ ᠦᠭᠡᠢ ᠡᠨᠳᠡ ᠪᠡᠨ ᠰᠠᠭᠤᠪᠠᠯ ᠡᠰᠡᠷᠭᠦᠴᠡᠭᠰᠡᠨ ᠪᠣᠯᠤᠨ᠎ᠠ᠂ ᠣᠴᠢᠬᠤ ᠠᠪᠠᠰᠤ ᠪᠢᠳᠡᠨ ᠦ᠌ ᠲᠠᠯ᠎ᠠ ᠳ᠋ᠤ᠌ ᠰᠢᠢᠳᠦᠭᠳᠡᠬᠦ ᠦᠭᠡᠢ ᠶ᠋ᠢᠨ ᠳᠡᠭᠡᠷ᠎ᠡ ᠪᠢᠳᠡᠨ ᠦ᠌ ᠠᠮᠢ ᠨᠠᠰᠤᠨ ᠳ᠋ᠤ᠌ ᠠᠶᠤᠯ ᠲᠠᠢ ᠲᠤᠯᠠ ᠣᠴᠢᠭᠰᠠᠨ ᠣᠴᠢᠭ᠎ᠠ ᠦᠭᠡᠢ ᠶ᠋ᠢᠨ ᠳᠤᠮᠳᠠᠭᠤᠷ ᠥᠪᠡᠷ ᠤ᠋ᠨ ᠲᠥᠯᠥᠭᠡᠨ ᠦ᠌ ᠨᠣᠶᠠᠳ ᠢ᠋ ᠶᠠᠪᠤᠭᠤᠯᠤᠶ᠎ᠠ ᠭᠡᠪᠡ᠃ ᠨᠠᠭᠤ:
— ᠡᠨᠳᠡ ᠡᠴᠡ ᠰᠤᠷᠬᠠᠭᠳᠠᠨᠢ ᠬᠠᠲᠤᠨ ᠤ᠋ ᠬᠥᠪᠡᠭᠦᠳ ᠠᠯᠲᠠᠨ ᠣᠷᠳᠣᠨ ᠤ᠋ ᠤᠯᠤᠰ ᠤᠷᠤᠭᠤ ᠬᠥᠳᠡᠯᠬᠦ ᠭᠡᠵᠦ ᠪᠠᠢᠨ᠎ᠠ᠃ᠲᠡᠳᠡ ᠪᠠᠲᠤ ᠶ᠋ᠢᠨ ᠡᠪᠡᠳᠴᠢᠨ ᠲᠡᠢ ᠡᠰᠡᠬᠦ ᠶ᠋ᠢ ᠮᠡᠳᠡᠵᠦ ᠢᠷᠡᠶ᠎ᠡ ᠬᠡᠮᠡᠭᠰᠡᠨ ᠪᠠᠢᠨ᠎ᠠ ᠭᠡᠬᠦ ᠳ᠋ᠦ᠍ ᠤᠭᠤᠯ ᠬᠠᠢᠮᠢᠱ ᠬᠠᠲᠤᠨ:
— ᠬᠤᠵᠠ ᠶ᠋ᠢᠨ ᠬᠡᠯᠡᠳᠡᠭ ᠵᠥᠪ᠃ ᠪᠢᠳᠡ ᠣᠴᠢᠬᠤ ᠦᠭᠡᠢ ᠡᠨᠳᠡ ᠪᠡᠨ ᠰᠠᠭᠤᠬᠤ ᠬᠣᠭᠣᠷᠣᠨᠳᠣ ᠬᠡᠷᠡᠭ ᠶᠠᠪᠤᠳᠠᠯ ᠰᠢᠢᠳᠦᠭᠳᠡᠵᠦ ᠥᠩᠭᠡᠷᠡᠨ᠎ᠡ᠃ ᠪᠢᠳᠡᠨ ᠳ᠋ᠦ᠍ ᠴᠢᠬᠢ ᠬᠡᠷᠡᠭ ᠲᠡᠢ ᠲᠤᠯᠠ ᠲᠡᠳᠡᠨ ᠢ᠋ ᠥᠩᠭᠡᠨ ᠳᠡᠭᠡᠷ᠎ᠡ ᠪᠡᠨ ᠳᠡᠮᠵᠢᠵᠦ ᠰᠤᠷᠬᠠᠭᠳᠠᠨᠢ ᠶ᠋ᠢᠨ ᠬᠥᠪᠡᠭᠦᠳ ᠲᠡᠢ ᠬᠠᠮᠲᠤ ᠬᠥᠮᠦᠨ ᠶᠠᠪᠤᠭᠤᠯᠤᠶ᠎ᠠ᠃ᠬᠤᠷᠠᠯᠳᠠᠢ ᠪᠣᠯᠤᠭᠰᠠᠨ ᠴᠤ᠌᠂ ᠪᠣᠯᠤᠭ᠎ᠠ ᠦᠭᠡᠢ ᠴᠦ᠍ ᠪᠢᠳᠡ ᠡᠨᠳᠡ ᠪᠡᠨ ᠥᠪᠡᠷᠰᠡᠳ ᠤ᠋ᠨ ᠡᠷᠬᠡ ᠮᠠᠲᠠᠯ ᠢ᠋ ᠬᠠᠮᠠᠭᠠᠯᠠᠵᠤ ᠰᠠᠭᠤᠬᠤ ᠤᠴᠢᠷ ᠲᠠᠢ ᠭᠡᠪᠡ᠃
ᠪᠡᠶ᠎ᠡ ᠪᠡᠶ᠎ᠡ ᠶ᠋ᠢᠨ ᠡᠰᠡᠷᠭᠦ ᠬᠠᠷᠠᠵᠤ ᠰᠠᠭᠤᠭᠰᠠᠨ ᠬᠥᠪᠡᠭᠦᠳ ᠠᠩᠬ᠎ᠠ ᠤᠳᠠᠭ᠎ᠠ ᠪᠠᠨ ᠡᠬᠡ ᠲᠡᠢ ᠪᠡᠨ ᠵᠥᠪᠯᠡᠯᠳᠦᠯᠡ᠃ᠲᠡᠳᠡ ᠰᠤᠷᠬᠠᠭᠳᠠᠨᠢ ᠬᠠᠲᠤᠨ ᠤ᠋ ᠬᠥᠪᠡᠭᠦᠳ ᠢ᠋ ᠳᠠᠭᠠᠯᠳᠤᠭᠤᠯᠤᠨ ᠥᠪᠡᠷ ᠤ᠋ᠨ ᠲᠥᠯᠥᠭᠡᠨ ᠦ᠌ ᠬᠥᠮᠦᠰ ᠢ᠋ ᠶᠠᠪᠤᠭᠤᠯᠵᠤ᠂ ᠥᠪᠡᠷᠰᠡᠳ ᠢ᠋ᠶ᠋ᠡᠨ ᠡᠬᠡ ᠨᠤᠲᠤᠭ ᠲᠠᠭᠠᠨ ᠡᠷᠬᠡ ᠮᠠᠲᠠᠯ ᠢ᠋ᠶ᠋ᠠᠨ ᠬᠠᠮᠠᠭᠠᠯᠠᠨ ᠦᠯᠡᠳᠡᠬᠦ ᠪᠡᠷ ᠰᠢᠢᠳᠦᠭᠰᠡᠨ ᠪᠠᠢᠪᠠ᠃
ᠬᠡᠳᠦᠨ ᠳᠣᠯᠣᠭ᠎ᠠ ᠬᠣᠨᠣᠭ ᠤ᠋ᠨ ᠳᠠᠷᠠᠭ᠎ᠠ ᠠᠯᠲᠠᠨ ᠣᠷᠳᠣᠨ ᠤ᠋ ᠤᠯᠤᠰ ᠳᠠᠬᠢ ᠪᠠᠲᠤ ᠬᠠᠭᠠᠨ ᠤ᠋ ᠡᠵᠡᠮᠰᠢᠯ ᠭᠠᠵᠠᠷ ᠲᠤ᠌ ᠨᠣᠶᠠᠳ ᠤ᠋ᠨ ᠴᠢᠭᠤᠯᠭᠠᠨ ᠡᠬᠢᠯᠡᠪᠡ᠃ᠡᠨᠡ ᠬᠤᠷᠠᠯ ᠳ᠋ᠤ᠌ ᠥᠭᠡᠳᠡᠢ ᠶ᠋ᠢᠨ ᠦᠶᠡᠯᠢ ᠬᠠᠳᠠᠨ᠂ ᠴᠠᠭᠠᠲᠠᠢ ᠶ᠋ᠢᠨ ᠠᠴᠢ ᠬᠠᠷ᠎ᠠ ᠦᠯᠡᠬᠦ ᠪᠣᠯᠤᠨ ᠲᠤᠯᠤᠢ ᠶ᠋ᠢᠨ ᠬᠦᠦ ᠮᠥᠩᠬᠡ᠂ ᠬᠤᠪᠢᠯᠠᠢ᠂ ᠬᠥᠯᠡᠬᠦ᠂ ᠠᠷᠢᠭᠪᠥ᠋ᠬᠡ ᠨᠠᠷ ᠤ᠋ᠨ ᠬᠠᠨ ᠬᠥᠪᠡᠭᠦᠳ᠂ ᠴᠢᠩᠭᠢᠰ ᠬᠠᠭᠠᠨ ᠤ᠋ ᠣᠳᠬᠣᠨ ᠳᠡᠭᠦᠦ ᠣᠳᠴᠢᠭᠢᠨ ᠨᠣᠶᠠᠨ ᠤ᠋ ᠠᠴᠢ ᠲᠠᠴᠠᠷ᠂ ᠴᠢᠩᠭᠢᠰ ᠬᠠᠭᠠᠨ ᠤ᠋ ᠡᠬᠡ ᠨᠢᠭᠡ ᠲᠡᠢ ᠳᠡᠭᠦᠦ ᠥᠨᠥ ᠬᠢᠷᠢ ᠠᠮᠢᠳᠤ ᠰᠡᠷᠡᠭᠦᠨ ᠪᠡᠯᠭᠦᠳᠡᠢ ᠨᠣᠶᠠᠨ ᠤ᠋ ᠬᠥᠪᠡᠭᠦᠨ ᠶᠢᠰᠦᠨᠪᠤᠬ᠎ᠠ ᠵᠡᠷᠭᠡ ᠠᠯᠲᠠᠨ ᠤᠷᠤᠭ ᠤ᠋ᠨ ᠬᠢᠨ ᠬᠦᠷᠦᠯᠴᠡᠨ ᠢᠷᠡᠭᠰᠡᠨ ᠪᠠᠢᠪᠠ᠃ᠠᠯᠲᠠᠨ ᠤᠷᠤᠭ ᠤ᠋ᠨ ᠵᠠᠷᠢᠮ ᠬᠠᠨ ᠬᠥᠪᠡᠭᠦᠳ ᠢᠷᠡᠭᠡ ᠦᠭᠡᠢ ᠴᠤ᠌ ᠶᠡᠬᠡᠩᠬᠢ ᠨᠢ ᠴᠤᠭᠯᠠᠭᠰᠠᠨ ᠪᠣᠯᠬᠣᠷ ᠨᠣᠶᠠᠳ ᠤ᠋ᠨ ᠴᠢᠭᠤᠯᠭᠠᠨ ᠢ᠋ ᠡᠬᠢᠯᠡᠭᠦᠯᠵᠦ᠂ ᠶᠡᠬᠡ ᠮᠣᠩᠭᠣᠯ ᠤ᠋ᠨ ᠲᠥᠷᠥ ᠡᠵᠡᠨ ᠦᠭᠡᠢᠳᠡᠵᠦ᠂ᠲᠦᠮᠡᠨ ᠣᠯᠠᠨ ᠦᠢᠮᠡᠨ ᠰᠠᠨᠳᠤᠷᠴᠤ ᠪᠠᠢᠭ᠎ᠠ ᠡᠨᠡ ᠦᠶ᠎ᠡ ᠳ᠋ᠦ᠍ ᠲᠥᠷᠥ ᠶ᠋ᠢᠨ ᠠᠯᠲᠠᠨ ᠵᠢᠯᠣᠭᠣ ᠶ᠋ᠢ ᠬᠡᠨ ᠦ᠌ ᠭᠠᠷ ᠲᠤ᠌ ᠠᠳᠬᠤᠭᠤᠯᠬᠤ ᠲᠤᠬᠠᠢ ᠶᠠᠷᠢᠯᠴᠠᠬᠤ ᠪᠠᠷ ᠮᠡᠷᠭᠡᠨ ᠰᠠᠢᠳ ᠲᠦᠰᠢᠮᠡᠳ᠂ ᠠᠯᠲᠠᠨ ᠤᠷᠤᠭ ᠤ᠋ᠨ ᠬᠢᠨ᠂ ᠶᠡᠬᠡᠰ ᠳᠡᠭᠡᠳᠦᠰ ᠨᠢᠭᠡ ᠳᠣᠣᠷ᠎ᠠ ᠴᠤᠭᠯᠠᠨ ᠬᠤᠷᠠᠯᠳᠤᠵᠤ ᠡᠬᠢᠯᠡᠯ᠎ᠡ᠃ ᠬᠤᠷᠠᠯ ᠢ᠋ ᠠᠬᠠᠮᠠᠳ ᠬᠥᠮᠦᠨ ᠦ᠌ ᠬᠤᠪᠢ ᠪᠠᠷ ᠪᠠᠲᠤ ᠬᠠᠭᠠᠨ ᠠᠬᠠᠯᠠᠨ ᠶᠠᠪᠤᠭᠤᠯᠪᠠ᠃
— ᠠᠯᠲᠠᠨ ᠣᠷᠳᠣᠨ ᠤ᠋ ᠤᠯᠤᠰ ᠲᠤ᠌ ᠨᠣᠶᠠᠳ ᠤ᠋ᠨ ᠬᠤᠷᠠᠯᠳᠠᠢ ᠶ᠋ᠢᠨ ᠵᠠᠷ ᠲᠠᠷᠬᠠᠭᠠᠭᠰᠠᠨ ᠨᠢ ᠨᠠᠰᠤ ᠮᠢᠨᠢ ᠥᠨᠳᠥᠷ ᠪᠣᠯᠵᠤ ᠵᠠᠮ ᠤ᠋ᠨ ᠶᠠᠪᠤᠳᠠᠯ ᠳ᠋ᠤ᠌ ᠪᠡᠶ᠎ᠡ ᠴᠢᠯᠡᠭᠡᠷᠬᠡᠬᠦ ᠪᠣᠯᠤᠭᠰᠠᠨ ᠡᠴᠡ ᠡᠭᠦᠳᠦᠯ ᠲᠡᠢ᠂ ᠭᠡᠲᠡᠯ᠎ᠡ ᠵᠠᠷᠢᠮ ᠬᠠᠨ ᠬᠥᠪᠡᠭᠦᠳ ᠮᠢᠨᠦ ᠬᠦᠰᠡᠯ ᠢ᠋ ᠬᠦᠯᠢᠶᠡᠨ ᠠᠪᠴᠤ ᠬᠤᠷᠠᠯᠳᠠᠢ ᠳ᠋ᠤ᠌ ᠢᠷᠡᠭᠰᠡᠨ ᠦᠭᠡᠢ᠃ ᠭᠡᠪᠡᠴᠦ ᠨᠠᠮᠠᠶ᠋ᠢ ᠬᠦᠨᠳᠦᠳᠬᠡᠳᠡᠭ ᠠᠯᠲᠠᠨ ᠤᠷᠤᠭ ᠤ᠋ᠨ ᠬᠠᠨ ᠬᠥᠪᠡᠭᠦᠳ᠂ ᠶᠡᠬᠡᠰ ᠳᠡᠭᠡᠳᠦᠰ᠂ ᠰᠠᠢᠳ ᠲᠦᠰᠢᠮᠡᠳ᠂ ᠡᠪᠦᠭᠡ ᠬᠠᠭᠠᠳ ᠤ᠋ᠨ ᠦᠶ᠎ᠡ ᠳ᠋ᠦ᠍ ᠦᠨᠡᠨᠴᠢ ᠪᠡᠷ ᠵᠢᠳᠬᠦᠵᠦ ᠪᠠᠢᠭᠰᠠᠨ ᠲᠥᠷᠥ ᠶ᠋ᠢᠨ ᠡᠷᠬᠢᠮ ᠵᠢᠳᠬᠦᠯᠲᠡᠨ ᠨᠦ᠍ᠭᠦᠳ ᠢᠷᠡᠭᠰᠡᠨ ᠲᠤᠯᠠ ᠨᠣᠶᠠᠳ ᠤ᠋ᠨ ᠬᠤᠷᠠᠯ ᠢ᠋ ᠨᠡᠭᠡᠭᠡᠵᠦ᠂ ᠳᠠᠷᠠᠭ᠎ᠠ ᠶ᠋ᠢᠨ ᠬᠠᠭᠠᠨ ᠣᠷᠣ ᠵᠠᠯᠭᠠᠬᠤ ᠬᠥᠮᠦᠨ ᠢ᠋ ᠲᠣᠮᠢᠯᠠᠨ ᠬᠡᠯᠡᠯᠴᠡᠵᠦ ᠲᠣᠭᠲᠠᠬᠤ ᠰᠠᠨᠠᠯ ᠲᠠᠢ ᠪᠠᠢᠨ᠎ᠠ᠃ ᠬᠠᠷᠢᠨ ᠣᠳᠣ ᠠᠬᠠᠮᠠᠳ ᠤ᠋ᠨ ᠦᠭᠡ ᠶ᠋ᠢ ᠡᠬᠢᠯᠡᠵᠦ ᠰᠣᠨᠣᠰᠳᠠᠭ ᠲᠠᠯ᠎ᠠ ᠨᠤᠲᠤᠭ ᠤ᠋ᠨ ᠵᠠᠩᠰᠢᠯ ᠶᠣᠰᠣᠭᠠᠷ ᠶᠡᠬᠡ ᠡᠵᠡᠨ ᠬᠠᠭᠠᠨ ᠤ᠋ ᠦᠶ᠎ᠡ ᠡᠴᠡ ᠶᠡᠬᠡ ᠮᠣᠩᠭᠣᠯ ᠤ᠋ᠨ ᠲᠥᠷᠥ ᠳ᠋ᠦ᠍ ᠦᠨᠡᠨᠴᠢ ᠪᠡᠷ ᠵᠢᠳᠬᠦᠨ ᠢᠷᠡᠭᠰᠡᠨ ᠰᠦᠪᠡᠭᠡᠳᠡᠢ ᠵᠠᠩᠵᠤᠨ ᠤ᠋ ᠦᠭᠡ ᠶ᠋ᠢ ᠰᠣᠨᠣᠰᠬᠤ ᠨᠢ ᠵᠦᠢ ᠪᠣᠯᠪᠠ ᠤᠤ ᠭᠡᠵᠦ ᠬᠡᠯᠡᠯ᠎ᠡ᠃ ᠰᠦᠪᠡᠭᠡᠳᠡᠢ ᠪᠠᠭᠠᠲᠤᠷ᠄
— ᠭᠤᠷᠪᠠᠨ ᠬᠠᠭᠠᠨ ᠤ᠋ ᠨᠢᠭᠤᠷ ᠦᠵᠡᠭᠰᠡᠨ ᠪᠢ ᠨᠠᠰᠤ ᠥᠨᠳᠥᠷ ᠪᠣᠯᠤᠭᠰᠠᠨ ᠭᠡᠳ ᠲᠥᠷᠥ ᠶ᠋ᠢᠨ ᠬᠡᠷᠡᠭ ᠡᠴᠡ ᠬᠣᠢᠰᠢ ᠰᠠᠭᠤᠬᠤ ᠡᠷᠬᠡ ᠦᠭᠡᠢ ᠪᠢᠯᠡ᠃ ᠬᠠᠭᠠᠨ ᠬᠥᠮᠦᠨ ᠭᠡᠳᠡᠭ ᠶᠢᠷᠲᠢᠨᠴᠦ ᠶ᠋ᠢᠨ ᠰᠠᠢᠨ ᠮᠠᠭᠤ ᠶ᠋ᠢ ᠦᠵᠡᠵᠦ᠂ ᠬᠠᠮᠤᠭ ᠬᠡᠷᠡᠭ ᠶᠠᠪᠤᠳᠠᠯ ᠤ᠋ᠨ ᠭᠠᠪᠢᠶ᠎ᠠ᠂ ᠵᠣᠪᠠᠯᠠᠩ ᠢ᠋ ᠠᠮᠰᠠᠨ᠂ ᠡᠵᠡᠨᠲᠦ ᠭᠦᠷᠦᠨ ᠦ᠌ ᠠᠭᠤᠳᠠᠮ ᠨᠤᠲᠤᠭ ᠢ᠋ᠶ᠋ᠠᠷ ᠣᠯᠠᠨᠲᠠ ᠴᠡᠷᠢᠭ ᠵᠠᠬᠢᠷᠤᠨ ᠶᠠᠪᠤᠭᠰᠠᠨ ᠣᠶᠤᠨ ᠪᠢᠯᠢᠭ ᠲᠡᠭᠦᠰ᠂ ᠬᠣᠯᠠᠴᠢ ᠮᠡᠷᠭᠡᠨ ᠬᠠᠷᠠᠭ᠎ᠠ ᠲᠠᠢ ᠨᠢᠭᠡᠨ ᠪᠠᠢᠪᠠᠯ ᠵᠣᠬᠢᠨ᠎ᠠ᠃ ᠮᠥᠩᠬᠡ ᠲᠩᠷᠢ ᠶ᠋ᠢᠨ ᠢᠪᠡᠭᠡᠯ ᠢ᠋ᠶ᠋ᠡᠷ ᠬᠠᠨ ᠬᠥᠪᠡᠭᠦᠳ ᠤ᠋ᠨ ᠳᠣᠲᠣᠷ᠎ᠠ ᠡᠴᠡ ᠲᠡᠢᠮᠦ ᠨᠢᠭᠡᠨ ᠬᠦᠦ ᠶ᠋ᠢ ᠨᠡᠷᠡᠯᠡᠵᠦ᠂ ᠬᠠᠭᠠᠨ ᠣᠷᠣ ᠰᠠᠭᠤᠯᠭᠠᠬᠤ ᠠᠪᠠᠰᠤ ᠪᠤᠭᠤᠷᠤᠯ ᠪᠣᠯᠤᠭᠰᠠᠨ ᠪᠢ ᠬᠠᠭᠠᠨ ᠡᠵᠡᠨ ᠦ᠌ ᠠᠷᠤ ᠡᠴᠡ ᠮᠥᠩᠬᠡ ᠲᠩᠷᠢ ᠳ᠋ᠦ᠍ ᠣᠴᠢᠬᠤ ᠴᠠᠭ ᠲᠤ᠌ ᠬᠡᠯᠡᠬᠦ ᠦᠭᠡ ᠲᠡᠢ ᠪᠤᠴᠠᠬᠤ ᠪᠢᠯᠡ ᠭᠡᠵᠦ ᠬᠡᠯᠡᠭᠡᠳ ᠰᠠᠭᠤᠳᠠᠯ ᠳ᠋ᠠᠭᠠᠨ ᠰᠠᠭᠤᠯ᠎ᠠ᠃ ᠬᠤᠷᠠᠯ ᠳ᠋ᠤ᠌ ᠢᠷᠡᠭᠰᠡᠨ ᠬᠥᠮᠦᠰ ᠥᠪᠡᠷ ᠥᠪᠡᠷ ᠤ᠋ᠨ ᠰᠠᠨᠠᠯ ᠢ᠋ ᠬᠡᠯᠡᠨ ᠥᠪᠡᠷ ᠵᠠᠭᠤᠷ᠎ᠠ ᠪᠠᠨ ᠶᠠᠷᠢᠯᠴᠠᠵᠤ ᠪᠠᠢᠪᠠ᠃ ᠣᠯᠠᠨ ᠢ᠋ ᠶᠠᠷᠢᠶ᠎ᠠ ᠪᠠᠨ ᠨᠠᠮᠳᠠᠭᠠᠬᠤ ᠶ᠋ᠢ ᠠᠩᠬᠠᠷᠤᠭᠤᠯᠤᠭᠠᠳ ᠪᠠᠲᠤ ᠬᠠᠭᠠᠨ᠄
— ᠰᠦᠪᠡᠭᠡᠳᠡᠢ ᠪᠠᠭᠠᠲᠤᠷ ᠤ᠋ᠨ ᠬᠡᠯᠡᠭᠰᠡᠨᠴᠢᠯᠡᠨ ᠬᠠᠭᠠᠨ ᠣᠷᠣ ᠰᠠᠭᠤᠵᠤ᠂ ᠶᠡᠬᠡ ᠲᠥᠷᠥ ᠵᠠᠰᠠᠵᠤ ᠴᠢᠳᠠᠬᠤ ᠬᠥᠮᠦᠨ ᠮᠢᠨᠦ ᠰᠠᠨᠠᠬᠤ ᠳ᠋ᠤ᠌ ᠴᠢᠩᠭᠢᠰ ᠬᠠᠭᠠᠨ ᠤ᠋ ᠠᠴᠢ ᠬᠦᠦ᠂ ᠲᠤᠯᠤᠢ ᠨᠣᠶᠠᠨ ᠤ᠋ ᠲᠣᠮᠣ ᠬᠦᠦ ᠮᠥᠩᠬᠡ ᠶᠤᠮ᠃ ᠴᠢᠩᠭᠢᠰ ᠬᠠᠭᠠᠨ ᠤ᠋ ᠭᠠᠯ ᠭᠣᠯᠣᠮᠲᠠ ᠤᠷᠲᠤ ᠥᠷᠭᠥᠭᠡ ᠲᠡᠭᠦᠨ ᠦ᠌ ᠬᠢ ᠪᠠᠢᠬᠤ ᠶᠣᠰᠣᠲᠠᠢ᠃ ᠡᠨᠡ ᠬᠠᠨ ᠬᠥᠪᠡᠭᠦᠨ ᠢ᠋ ᠰᠤᠷᠬᠠᠭᠳᠠᠨᠢ ᠬᠠᠲᠤᠨ ᠥᠰᠬᠡᠨ ᠬᠥᠮᠦᠵᠢᠭᠦᠯᠦᠭᠰᠡᠨ ᠤᠴᠢᠷ ᠨᠣᠮ ᠤ᠋ᠨ ᠡᠷᠳᠡᠮ᠂ ᠴᠡᠷᠢᠭ ᠤ᠋ᠨ ᠡᠷᠳᠡᠮ ᠲᠡᠭᠦᠰ᠂ ᠤᠬᠠᠭᠠᠨ ᠪᠢᠯᠢᠭᠲᠦ ᠨᠢᠭᠡᠨ ᠪᠣᠯᠵᠠᠢ᠃ ᠲᠡᠭᠦᠨ ᠳ᠋ᠦ᠍ ᠬᠠᠲᠤᠨ ᠡᠬᠡ ᠶ᠋ᠢᠨ ᠬᠢᠨᠢ ᠪᠠᠭ᠎ᠠ ᠡᠴᠡ ᠰᠤᠷᠭᠠᠭᠰᠠᠨ ᠲᠥᠷᠥ ᠵᠠᠰᠠᠬᠤ ᠤᠬᠠᠭᠠᠨ ᠪᠣᠢ ᠲᠤᠯᠠ ᠡᠨᠡ ᠲᠥᠷᠥ ᠶ᠋ᠢᠨ ᠡᠵᠡᠨ ᠮᠥᠩᠬᠡ ᠪᠣᠯᠬᠤ ᠤᠴᠢᠷ ᠲᠠᠢ᠃ ᠬᠠᠲᠤᠨ ᠡᠬᠡ ᠨᠢ ᠲᠡᠭᠦᠨ ᠢ᠋ ᠬᠠᠭᠠᠨ ᠪᠣᠯᠭᠠᠬᠤ ᠪᠠᠷ ᠪᠡᠯᠡᠳᠬᠡᠭᠰᠡᠨ ᠪᠤᠰᠤ ᠤᠤ ᠬᠡᠮᠡᠪᠡ᠃
ᠭᠡᠨᠡᠳᠲᠡ ᠬᠡᠯᠡᠭᠰᠡᠨ ᠡᠨᠡ ᠦᠭᠡ ᠶ᠋ᠢ ᠬᠥᠮᠦᠰ ᠳᠣᠲᠣᠷ᠎ᠠ ᠪᠠᠨ ᠥᠪᠡᠷ ᠥᠪᠡᠷ ᠤ᠋ᠨ ᠬᠢ ᠪᠡᠷ ᠢ᠋ᠶ᠋ᠡᠨ ᠲᠤᠩᠭᠠᠨ ᠪᠣᠳᠣᠵᠤ ᠪᠠᠢᠪᠠ᠃ ᠭᠡᠲᠡᠯ᠎ᠡ ᠢᠷᠡᠭᠰᠡᠨ ᠬᠥᠮᠦᠰ ᠤ᠋ᠨ ᠳᠤᠮᠳᠠ ᠡᠴᠡ ᠡᠰᠡᠷᠭᠦᠴᠡᠬᠦ ᠬᠥᠮᠦᠨ ᠭᠠᠷᠴᠤ ᠢᠷᠡᠯ᠎ᠡ᠃ ᠡᠨᠡ ᠪᠣᠯ ᠴᠠᠭᠠᠲᠠᠢ ᠶ᠋ᠢᠨ ᠠᠴᠢ ᠬᠠᠷ᠎ᠠ ᠦᠯᠡᠬᠦ ᠪᠠᠢᠪᠠ᠃ ᠲᠡᠷᠡ ᠪᠡᠷ᠄
— ᠬᠠᠭᠠᠨ ᠤ᠋ ᠦᠷ᠎ᠡ ᠬᠠᠭᠠᠨ ᠪᠣᠯᠳᠠᠭ ᠶᠡᠬᠡ ᠶᠣᠰᠣ ᠠᠯᠳᠠᠭᠳᠠᠵᠤ ᠪᠠᠢᠨ᠎ᠠ᠃ ᠡᠷᠭᠢᠴᠡᠭᠦᠯᠦᠨ ᠪᠣᠳᠣᠬᠤ ᠳ᠋ᠤ᠌ ᠥᠭᠡᠳᠡᠢ ᠬᠠᠭᠠᠨ ᠤ᠋ ᠬᠥᠪᠡᠭᠦᠳ ᠬᠠᠭᠠᠨ ᠰᠢᠷᠡᠭᠡᠨ ᠳ᠋ᠦ᠍ ᠰᠠᠭᠤᠬᠤ ᠳᠠᠪᠠᠭᠤ ᠡᠷᠬᠡ ᠶ᠋ᠢ ᠡᠳ᠋ᠯᠡᠬᠦ ᠪᠤᠰᠤ ᠤᠤ᠂ ᠨᠢᠭᠡᠨᠲᠡ ᠥᠭᠡᠳᠡᠢ ᠬᠠᠭᠠᠨ ᠠᠮᠢᠳᠤ ᠰᠡᠷᠡᠭᠦᠨ ᠠᠬᠤᠢ ᠳ᠋ᠠᠭᠠᠨ ᠰᠢᠷᠡᠮᠦᠨ ᠲᠠᠢᠵᠢ ᠶ᠋ᠢ ᠥᠪᠡᠷ ᠤ᠋ᠨ ᠣᠷᠣ ᠵᠠᠯᠭᠠᠬᠤ ᠬᠥᠮᠦᠨ ᠭᠡᠵᠦ ᠬᠡᠯᠡᠵᠦ ᠪᠠᠢᠭᠰᠠᠨ᠂ ᠡᠨᠳᠡ ᠴᠤᠭᠯᠠᠭᠰᠠᠨ ᠣᠯᠠᠨ ᠨᠣᠶᠠᠳ ᠲᠦᠰᠢᠮᠡᠳ ᠡᠨᠡ ᠦᠭᠡ ᠶ᠋ᠢ ᠮᠠᠷᠲᠠᠭ᠎ᠠ ᠦᠭᠡᠢ ᠪᠢᠵᠡ᠃ ᠥᠨᠥ ᠬᠢᠷᠢ ᠡᠷᠡᠭᠦᠯ ᠰᠠᠷᠠᠭᠤᠯ ᠪᠠᠢᠭ᠎ᠠ ᠰᠢᠷᠡᠮᠦᠨ ᠲᠠᠢᠵᠢ ᠪᠠᠢᠭᠰᠠᠭᠠᠷ ᠪᠠᠢᠬᠤ ᠳ᠋ᠤ᠌ ᠲᠤᠯᠤᠢ ᠶ᠋ᠢᠨ ᠬᠦᠦ ᠮᠥᠩᠬᠡ ᠶ᠋ᠢ ᠬᠠᠭᠠᠨ ᠰᠠᠭᠤᠯᠭᠠᠬᠤ ᠲᠤᠬᠠᠢ ᠶᠠᠷᠢᠯ᠎ᠠ᠃ ᠬᠡᠷᠪᠡ ᠡᠨᠡ ᠦᠨᠡᠨ ᠪᠣᠯ ᠥᠭᠡᠳᠡᠢ ᠬᠠᠭᠠᠨ ᠤ᠋ ᠭᠡᠷᠢᠶᠡᠰ ᠢ᠋ ᠲᠠ ᠪᠦᠬᠦᠨ ᠴᠣᠬᠣᠮ ᠶᠠᠭᠤ ᠭᠡᠬᠦ ᠪᠣᠢ? ᠭᠡᠮᠡᠨ ᠠᠰᠠᠭᠤᠬᠤ ᠳ᠋ᠤ᠌ ᠬᠥᠮᠦᠰ ᠤ᠋ᠨ ᠳᠤᠮᠳᠠ ᠡᠴᠡ ᠬᠥᠯᠡᠬᠦ ᠪᠣᠰᠴᠤ᠂
— ᠲᠠ ᠨᠠᠷ ᠤ᠋ᠨ ᠥᠭᠦᠯᠡᠭᠰᠡᠨ ᠦᠨᠡᠨ ᠠᠲᠠᠯ᠎ᠠ ᠲᠠ ᠨᠠᠷ ᠥᠪᠡᠷᠰᠡᠳ ᠢ᠋ ᠪᠡᠨ ᠥᠭᠡᠳᠡᠢ ᠬᠠᠭᠠᠨ ᠤ᠋ ᠭᠡᠷᠢᠶᠡᠰ ᠢ᠋ ᠦᠨᠡᠨᠴᠢ ᠪᠡᠷ ᠪᠡᠶᠡᠯᠡᠭᠦᠯᠦᠭᠰᠡᠨ ᠭᠡᠬᠦ ᠤᠤ? ᠤᠮᠠᠷᠲᠠᠭᠰᠠᠨ ᠢ᠋ᠶ᠋ᠠᠨ ᠰᠠᠨᠠᠵᠤ ᠤᠷᠢᠳᠤ ᠶ᠋ᠢᠨ ᠶᠠᠪᠤᠳᠠᠯ ᠢ᠋ ᠳᠤᠷᠠᠰᠤᠭᠲᠤᠨ᠂ ᠭᠤᠷᠪᠠᠨ ᠵᠢᠯ ᠤ᠋ᠨ ᠡᠮᠦᠨ᠎ᠡ ᠥᠭᠡᠳᠡᠢ ᠬᠠᠭᠠᠨ ᠤ᠋ ᠭᠡᠷᠢᠶᠡᠰ ᠡᠴᠡ ᠲᠡᠷᠰᠯᠡᠵᠦ᠂ ᠬᠥᠶᠦᠭ ᠢ᠋ ᠬᠠᠭᠠᠨ ᠣᠷᠣᠨ ᠳ᠋ᠤ᠌ ᠰᠠᠭᠤᠯᠭᠠᠭᠰᠠᠨ ᠢ᠋ ᠲᠡᠭᠡᠭᠡᠳ ᠶᠠᠭᠤ ᠭᠡᠬᠦ ᠪᠣᠢ? ᠥᠭᠡᠳᠡᠢ ᠬᠠᠭᠠᠨ ᠤ᠋ ᠭᠡᠷᠢᠶᠡᠰ ᠢ᠋ ᠲᠡᠷᠡ ᠦᠶ᠎ᠡ ᠳ᠋ᠦ᠍ ᠮᠠᠷᠲᠠᠭᠰᠠᠨ ᠪᠤᠰᠤ ᠤᠤ? ᠬᠠᠷᠢᠨ ᠣᠳᠣ ᠭᠡᠨᠡᠳᠲᠡ ᠰᠠᠨᠠᠬᠤ ᠶ᠋ᠢᠨ ᠤᠴᠢᠷ ᠨᠢ ᠮᠥᠩᠬᠡ ᠠᠬ᠎ᠠ ᠶ᠋ᠢ ᠬᠠᠭᠠᠨ ᠣᠷᠣ ᠰᠠᠭᠤᠯᠭᠠᠬᠤ ᠭᠡᠰᠡᠨ ᠶᠠᠷᠢᠶ᠎ᠠ ᠭᠠᠷᠤᠭᠰᠠᠨ ᠡᠴᠡ ᠮᠠᠷᠲᠠᠭᠳᠠᠭᠰᠠᠨ ᠰᠢᠯᠲᠠᠭ ᠢ᠋ᠶ᠋ᠠᠨ ᠨᠡᠬᠡᠨ ᠰᠠᠨᠠᠵᠤ ᠪᠠᠢᠨ᠎ᠠ᠃ ᠬᠡᠷᠪᠡ ᠥᠭᠡᠳᠡᠢ ᠬᠠᠭᠠᠨ ᠤ᠋ ᠭᠡᠷᠢᠶᠡᠰ ᠢ᠋ ᠰᠠᠨᠠᠬᠤ ᠶ᠋ᠢ ᠬᠦᠰᠡᠵᠦ ᠪᠣᠢ ᠪᠣᠯ ᠪᠠᠰᠠ ᠨᠢᠭᠡ ᠦᠭᠡ ᠶ᠋ᠢ ᠰᠠᠨᠠᠭᠤᠯᠤᠶ᠎ᠠ᠃ ᠥᠭᠡᠳᠡᠢ ᠬᠠᠭᠠᠨ ᠠᠮᠢᠳᠤ ᠰᠡᠷᠡᠭᠦᠨ ᠠᠬᠤᠢ ᠳ᠋ᠠᠭᠠᠨ ᠬᠠᠭᠠᠨ ᠣᠷᠣ ᠵᠠᠯᠭᠠᠬᠤ ᠬᠥᠮᠦᠨ ᠦ᠌ ᠨᠡᠷ᠎ᠡ ᠶ᠋ᠢ ᠬᠡᠯᠡᠬᠦ ᠳ᠋ᠡᠭᠡᠨ ᠬᠦᠴᠦ ᠶ᠋ᠢᠨ ᠬᠦᠦ ᠰᠢᠷᠡᠮᠦᠨ ᠦ᠌ ᠬᠠᠮᠲᠤ᠂ ᠮᠥᠩᠬᠡ ᠠᠬ᠎ᠠ ᠶ᠋ᠢᠨ ᠨᠡᠷ᠎ᠡ ᠶ᠋ᠢ ᠳᠤᠷᠠᠳᠴᠤ ᠪᠠᠢᠭᠰᠠᠨ ᠢ᠋ ᠮᠠᠷᠲᠠᠪᠠ ᠤᠤ ᠭᠡᠵᠦ ᠬᠡᠯᠡᠯ᠎ᠡ᠃
ᠬᠤᠷᠠᠯ ᠨᠡᠯᠢᠶᠡᠳ ᠰᠢᠷᠦᠭᠦᠰᠦᠯᠡ᠃ ᠲᠡᠳᠡ ᠪᠦᠭᠦᠳᠡ ᠬᠦᠯᠡᠬᠦ ᠶ᠋ᠢᠨ ᠰᠠᠨᠠᠭᠤᠯᠤᠨ ᠬᠡᠯᠡᠭᠰᠡᠨᠴᠢᠯᠡᠨ ᠥᠭᠡᠳᠡᠢ ᠬᠠᠭᠠᠨ ᠤ᠋ ᠦᠭᠡ ᠶ᠋ᠢ ᠰᠠᠢᠨ ᠮᠡᠳᠡᠨ᠎ᠡ᠃ ᠣᠯᠠᠨ ᠨᠣᠶᠠᠳ ᠤ᠋ᠨ ᠳᠤᠮᠳᠠ ᠡᠴᠡ ᠪᠠᠲᠤ ᠶ᠋ᠢᠨ ᠳᠡᠭᠦᠦ ᠪᠡᠷᠬᠡ᠄
— ᠡᠷᠭᠢᠴᠡᠭᠦᠯᠦᠨ ᠪᠣᠳᠣᠬᠤ ᠳ᠋ᠤ᠌ ᠪᠢᠳᠡᠨ ᠦ᠌ ᠳᠤᠮᠳᠠ ᠡᠴᠡ ᠭᠠᠭᠴᠠ ᠬᠦ᠌ ᠮᠥᠩᠬᠡ ᠯᠡ ᠴᠢᠩᠭᠢᠰ ᠬᠠᠭᠠᠨ ᠤ᠋ ᠵᠠᠰᠠᠭ᠂ ᠵᠠᠷᠯᠢᠭ ᠬᠣᠶᠠᠷ ᠢ᠋ ᠨᠢᠳᠦ ᠪᠡᠷ ᠦᠵᠡᠵᠦ᠂ ᠴᠢᠬᠢ ᠪᠡᠷ ᠰᠣᠨᠣᠰᠤᠭᠰᠠᠨ ᠬᠥᠮᠦᠨ᠃ ᠶᠡᠬᠡ ᠮᠣᠩᠭᠣᠯ ᠤ᠋ᠨ ᠲᠥᠷᠥ ᠤᠯᠤᠰ᠂ ᠴᠡᠷᠢᠭ ᠠᠷᠠᠳ᠂ ᠪᠢᠳᠡᠨ ᠦ᠌ ᠪᠤᠶᠠᠨ ᠵᠠᠶᠠᠭ᠎ᠠ ᠬᠡᠷᠬᠢᠬᠦ ᠨᠢ ᠲᠡᠭᠦᠨ ᠢ᠋ ᠬᠠᠭᠠᠨ ᠰᠠᠭᠤᠯᠭᠠᠬᠤ ᠳ᠋ᠤ᠌ ᠣᠷᠣᠰᠢᠬᠤ ᠪᠤᠰᠤ ᠤᠤ ᠭᠡᠮᠡᠨ ᠨᠡᠮᠡᠵᠦ ᠬᠡᠯᠡᠪᠡ᠃ ᠪᠡᠷᠬᠡ ᠥᠨᠥ ᠪᠠᠲᠤ ᠠᠬ᠎ᠠ ᠶ᠋ᠢᠨ ᠦᠭᠡ ᠶ᠋ᠢ ᠠᠪᠴᠤ ᠮᠥᠩᠬᠡ ᠶ᠋ᠢ ᠳᠡᠮᠵᠢᠬᠦ ᠶᠣᠰᠣᠲᠠᠢ ᠶ᠋ᠢ ᠤᠬᠠᠭᠠᠷᠠᠵᠤ ᠪᠠᠢᠪᠠ᠃
ᠠᠯᠲᠠᠨ ᠣᠷᠳᠣᠨ ᠤ᠋ ᠤᠯᠤᠰ ᠲᠤ᠌ ᠪᠣᠯᠵᠤ ᠪᠣᠢ ᠨᠣᠶᠠᠳ ᠤ᠋ᠨ ᠴᠢᠭᠤᠯᠭᠠᠨ ᠤᠳᠠᠲᠠᠯ᠎ᠠ ᠬᠡᠯᠡᠯᠴᠡᠭᠰᠡᠨ ᠦ᠌ ᠡᠴᠦᠰ ᠲᠦ᠍ ᠨᠢᠭᠡᠨ ᠰᠢᠢᠳᠦᠯ ᠳ᠋ᠦ᠍ ᠬᠦᠷᠴᠦ ᠰᠤᠷᠬᠠᠭᠳᠠᠨᠢ ᠬᠠᠲᠤᠨ ᠤ᠋ ᠬᠦᠦ ᠮᠥᠩᠬᠡ ᠶ᠋ᠢ ᠳᠠᠷᠠᠭ᠎ᠠ ᠶ᠋ᠢᠨ ᠶᠡᠬᠡ ᠬᠠᠭᠠᠨ ᠢ᠋ᠶ᠋ᠠᠷ ᠡᠷᠭᠦᠮᠵᠢᠯᠡᠨ ᠶᠡᠬᠡ ᠬᠠᠭᠠᠨ ᠣᠷᠣ ᠰᠠᠭᠤᠯᠭᠠᠬᠤ ᠶ᠋ᠢ ᠰᠠᠨᠠᠯ ᠨᠢᠭᠡᠲᠡᠢ ᠪᠡᠷ ᠳᠠᠮᠵᠢᠨ ᠪᠠᠲᠤᠯᠠᠯ᠎ᠠ᠃ ᠬᠠᠷᠢᠨ ᠡᠨᠡ ᠴᠢᠭᠤᠯᠭᠠᠨ ᠤ᠋ ᠦᠶ᠎ᠡ ᠪᠡᠷ ᠪᠠᠲᠤ ᠬᠠᠭᠠᠨ ᠪᠡᠶ᠎ᠡ ᠠᠯᠵᠢᠶᠠᠭᠰᠠᠨ ᠲᠤᠯᠠ ᠲᠠᠯ᠎ᠠ ᠨᠤᠲᠤᠭ ᠲᠤ᠌ ᠥᠪᠡᠷ ᠢ᠋ᠶ᠋ᠡᠨ ᠣᠴᠢᠵᠤ ᠴᠢᠳᠠᠬᠤ ᠦᠭᠡᠢ ᠪᠡᠨ ᠮᠡᠳᠡᠭᠳᠡᠭᠡᠳ᠂ ᠳᠡᠭᠦᠦ ᠪᠡᠷᠬᠡ ᠶ᠋ᠢ ᠭᠤᠷᠪᠠᠨ ᠲᠦᠮᠡᠨ ᠴᠡᠷᠢᠭ ᠤ᠋ᠨ ᠬᠠᠮᠲᠤ ᠢᠯᠡᠭᠡᠵᠦ᠂ ᠮᠥᠩᠬᠡ ᠶ᠋ᠢᠨ ᠠᠶᠤᠯ ᠦᠭᠡᠢ ᠪᠠᠢᠳᠠᠯ ᠢ᠋ ᠬᠠᠩᠭᠠᠭᠤᠯᠬᠤ ᠪᠠᠷ ᠮᠣᠷᠳᠠᠭᠤᠯᠵᠤ᠂ ᠮᠣᠩᠭᠣᠯ ᠨᠤᠲᠤᠭ ᠲᠠᠭᠠᠨ ᠣᠴᠢᠵᠤ ᠬᠠᠭᠠᠨ ᠡᠷᠭᠦᠮᠵᠢᠯᠡᠬᠦ ᠶᠡᠬᠡ ᠶᠣᠰᠣᠯᠠᠯ ᠢ᠋ ᠦᠢᠯᠡᠳᠦᠭᠦᠯᠬᠦ ᠪᠡᠷ ᠮᠢᠩᠭᠠᠨ ᠥᠯᠥᠭᠡᠢ ᠮᠥᠩᠭᠥ ᠡᠷᠭᠦᠨ ᠪᠠᠷᠢᠵᠤ ᠮᠣᠷᠳᠠᠭᠤᠯᠪᠠ᠃
ᠶᠡᠬᠡ ᠴᠡᠷᠢᠭ ᠵᠠᠮ ᠳ᠋ᠠᠭᠠᠨ ᠭᠠᠷᠴᠤ᠂ ᠡᠬᠡ ᠨᠤᠲᠤᠭ ᠤ᠋ᠨ ᠵᠦᠭ ᠬᠥᠳᠡᠯᠦᠯ᠎ᠡ᠃ ᠮᠣᠩᠭᠣᠯ ᠲᠥᠷᠥ ᠶ᠋ᠢᠨ ᠡᠵᠡᠨ ᠬᠠᠭᠠᠨ ᠢ᠋ᠶ᠋ᠠᠷ ᠵᠠᠯᠠᠷᠠᠬᠤ ᠪᠠᠷ ᠨᠤᠲᠤᠭ ᠤ᠋ᠨ ᠵᠦᠭ ᠬᠥᠳᠡᠯᠵᠦ ᠪᠣᠢ ᠮᠥᠩᠬᠡ ᠶ᠋ᠢᠨ ᠬᠠᠷᠠᠴᠠ ᠲᠡᠷᠲᠡᠭᠡ ᠳ᠋ᠦ᠍ ᠠᠯᠤᠰ ᠤ᠋ᠨ ᠣᠯᠠᠨ ᠠᠭᠤᠯᠠ᠂ ᠲᠤᠯᠤᠭᠠᠳ ᠤ᠋ᠨ ᠳᠡᠭᠡᠷ᠎ᠡ ᠬᠥᠬᠡᠷᠡᠭᠴᠢ ᠲᠩᠷᠢ ᠶ᠋ᠢᠨ ᠵᠦᠭ ᠪᠡᠯᠴᠢᠵᠡᠢ᠃ ᠬᠤᠪᠢᠯᠠᠢ ᠮᠣᠷᠢᠨ ᠳ᠋ᠠᠭᠠᠨ ᠲᠠᠰᠢᠭᠤᠷ ᠥᠭᠭᠦᠨ ᠶᠡᠬᠡ ᠴᠡᠷᠢᠭ ᠤ᠋ᠨ ᠡᠮᠦᠨ᠎ᠡ ᠮᠣᠷᠢᠲᠠᠢ ᠱᠣᠭᠰᠢᠬᠤ ᠮᠥᠩᠬᠡ ᠶ᠋ᠢ ᠭᠦᠢᠴᠡᠨ ᠢᠷᠡᠯ᠎ᠡ᠃ ᠮᠥᠩᠬᠡ ᠶᠠᠭᠤᠮ᠎ᠠ ᠬᠡᠯᠡᠭᠰᠡᠨ ᠦᠭᠡᠢ᠂ ᠬᠤᠪᠢᠯᠠᠢ ᠠᠬ᠎ᠠ ᠶ᠋ᠢᠨ ᠳᠡᠷᠭᠡᠳᠡ ᠬᠡᠰᠡᠭ ᠶᠠᠪᠤᠯ᠎ᠠ᠁ ᠮᠥᠩᠬᠡ᠄
—ᠡᠬᠡ ᠨᠤᠲᠤᠭ ᠤ᠋ᠨ ᠳᠡᠭᠡᠷ᠎ᠡ ᠬᠥᠬᠡᠷᠡᠭᠴᠢ ᠮᠥᠩᠬᠡ ᠲᠩᠷᠢ ᠶ᠋ᠢ ᠬᠠᠷᠠᠭᠠᠳ ᠠᠪᠤ ᠶ᠋ᠢ ᠪᠡᠨ ᠳᠤᠷᠠᠰᠴᠤ ᠶᠠᠪᠤᠨ᠎ᠠ᠃ ᠬᠠᠭᠠᠨ ᠤ᠋ ᠣᠷᠳᠣᠨ ᠳ᠋ᠤ᠌ ᠵᠣᠯᠢᠶ᠎ᠠ ᠪᠣᠯᠤᠨ ᠣᠳᠤᠭᠰᠠᠨ ᠡᠴᠢᠭᠡ ᠮᠢᠨᠢ ᠬᠦᠦ ᠪᠡᠨ ᠮᠥᠩᠬᠡ ᠲᠩᠷᠢ ᠡᠴᠡ ᠬᠠᠷᠠᠵᠤ ᠰᠠᠭᠤᠭ᠎ᠠ ᠪᠢᠵᠡ ᠭᠡᠪᠡ᠃ ᠬᠤᠪᠢᠯᠠᠢ ᠳ᠋ᠤ᠌ ᠴᠤ᠌ ᠮᠥᠨ ᠡᠴᠢᠭᠡ ᠶ᠋ᠢᠨ ᠲᠤᠬᠠᠢ ᠪᠣᠳᠣᠯ ᠣᠷᠣᠵᠤ ᠢᠷᠡᠨ᠂ ᠪᠠᠭ᠎ᠠ ᠨᠠᠰᠤᠨ ᠤ᠋ ᠬᠢᠨᠢ ᠳᠤᠷᠠᠰᠤᠮᠵᠢ ᠨᠤᠭᠤᠳ ᠬᠦᠪᠦᠷᠡᠭᠰᠡᠭᠡᠷ ᠲᠡᠷᠡ ᠬᠣᠶᠠᠷ ᠬᠣᠭᠣᠷᠣᠨᠳᠣ ᠪᠠᠨ ᠶᠠᠭᠤᠮ᠎ᠠ ᠶᠠᠷᠢᠭᠰᠠᠨ ᠦᠭᠡᠢ ᠬᠡᠰᠡᠭ ᠶᠠᠪᠤᠯ᠎ᠠ᠃ ᠮᠥᠩᠬᠡ᠄
—ᠡᠴᠢᠭᠡ ᠮᠢᠨᠢ ᠡᠨᠡ ᠡᠳᠦᠷ ᠤ᠋ᠨ ᠲᠥᠯᠥᠭᠡ ᠵᠣᠯᠢᠶ᠎ᠠ ᠪᠣᠯᠤᠨ ᠣᠳᠤᠭᠰᠠᠨ ᠪᠤᠰᠤ ᠤᠤ? ᠳᠡᠩᠳᠡᠭᠦᠦ ᠵᠠᠯᠠᠭᠤ ᠪᠠᠷ ᠢ᠋ᠶ᠋ᠠᠨ ᠪᠢᠳᠡᠨ ᠡᠴᠡ ᠣᠳᠤᠭᠰᠠᠨ ᠠᠪᠤ ᠶ᠋ᠢ ᠪᠡᠨ ᠰᠠᠨᠠᠬᠤ ᠳᠣᠳᠣᠮ ᠰᠡᠳᠬᠢᠯ ᠥᠮᠥᠷᠡᠬᠦ ᠶᠤᠮ᠃ ᠬᠥᠪᠡᠭᠦᠳ ᠢ᠋ᠶ᠋ᠡᠨ ᠡᠷ᠎ᠡ ᠶ᠋ᠢᠨ ᠴᠡᠭᠡᠯ ᠳ᠋ᠦ᠍ ᠬᠦᠷᠬᠦ ᠶ᠋ᠢ ᠦᠵᠡᠵᠦ ᠠᠮᠵᠢᠯ ᠦᠭᠡᠢ ᠣᠳᠤᠭᠰᠠᠨ ᠭᠤᠨᠢᠭᠲᠤ ᠲᠠᠪᠢᠯᠠᠩ᠂ ᠭᠠᠵᠠᠷ ᠳᠡᠭᠡᠷ᠎ᠡ ᠦᠯᠡᠳᠡᠭᠰᠡᠨ ᠪᠢᠳᠡᠨ ᠢ᠋ ᠣᠯᠠᠨ ᠵᠢᠯ ᠬᠠᠭᠠᠴᠠᠯ ᠨᠢᠯᠪᠤᠰᠤ ᠲᠠᠢ ᠶᠠᠪᠤᠭᠤᠯᠤᠭᠰᠠᠨ ᠴᠤ᠌ ᠥᠨᠥ ᠠᠪᠤ ᠶ᠋ᠢ ᠪᠡᠨ ᠵᠥᠪᠬᠡᠨ ᠬᠠᠭᠠᠨ ᠠᠬ᠎ᠠ ᠶ᠋ᠢᠨ ᠢ᠋ᠶ᠋ᠡᠨ ᠡᠮᠦᠨ᠎ᠡ ᠡᠴᠡ ᠪᠤᠰᠤ᠂ ᠪᠢᠳᠡᠨ ᠦ᠌ ᠡᠮᠦᠨ᠎ᠡ ᠡᠴᠡ ᠵᠣᠯᠢᠶ᠎ᠠ ᠪᠣᠯᠤᠨ ᠣᠳᠤᠭᠰᠠᠨ ᠢ᠋ ᠣᠢᠯᠠᠭᠠᠵᠤ ᠪᠠᠢᠨ᠎ᠠ᠃ ᠠᠪᠤ ᠮᠢᠨᠢ ᠡᠨᠡ ᠴᠠᠭ ᠤ᠋ᠨ ᠡᠬᠢᠯᠡᠯ ᠢ᠋ ᠲᠠᠯᠪᠢᠭᠠᠳ ᠣᠳᠴᠠᠢ᠃ ᠲᠡᠷᠡ ᠡᠳᠦᠷ ᠤᠳ ᠵᠣᠪᠠᠯᠠᠩ ᠲᠠᠢ ᠪᠠᠢᠭᠰᠠᠨ ᠴᠤ᠌ ᠵᠣᠪᠠᠯᠠᠩ ᠭᠡᠳᠡᠭ ᠬᠥᠮᠦᠨ ᠦ᠌ ᠠᠮᠢᠳᠤᠷᠠᠯ ᠤ᠋ᠨ ᠦᠨᠡᠨ ᠢ᠋ ᠲᠠᠨᠢᠭᠤᠯᠳᠠᠭ ᠶᠤᠮ ᠪᠣᠯᠪᠠ ᠤᠤ ᠬᠡᠮᠡᠪᠡ᠃ ᠬᠤᠪᠢᠯᠠᠢ᠄
— ᠵᠣᠪᠠᠯᠠᠩ ᠳᠠᠭᠠᠭᠠᠵᠤ ᠬᠠᠳᠠ ᠰᠠᠭᠤᠳᠠᠭ ᠭᠡᠵᠦ ᠡᠵᠢ ᠶ᠋ᠢᠨ ᠬᠡᠯᠡᠳᠡᠭ ᠦᠨᠡᠨ ᠦᠭᠡ ᠪᠢᠵᠡ᠃ ᠥᠨᠥ ᠠᠬ᠎ᠠ ᠮᠢᠨᠢ ᠬᠠᠭᠠᠨ ᠪᠣᠯᠤᠭᠰᠠᠨ ᠴᠤ᠌ ᠲᠠᠯ᠎ᠠ ᠨᠤᠲᠤᠭ ᠲᠤ᠌ ᠪᠢᠳᠡᠨ ᠢ᠋ ᠶᠠᠭᠤ ᠬᠦᠯᠢᠶᠡᠵᠦ ᠪᠠᠢᠭ᠎ᠠ ᠶ᠋ᠢ ᠬᠡᠨ ᠮᠡᠳᠡᠬᠦ ᠪᠢᠯᠡ ᠭᠡᠪᠡ᠃ ᠮᠥᠩᠬᠡ᠄
—ᠲᠠᠯ᠎ᠠ ᠨᠤᠲᠤᠭ ᠲᠤ᠌ ᠪᠢᠳᠡᠨ ᠢ᠋ ᠰᠠᠢᠨ ᠮᠠᠭᠤ ᠣᠯᠠᠨ ᠶᠠᠭᠤᠮ᠎ᠠ ᠬᠦᠯᠢᠶᠡᠵᠦ ᠪᠠᠢᠭ᠎ᠠ ᠭᠡᠪᠡᠴᠦ ᠬᠠᠮᠤᠭ ᠤ᠋ᠨ ᠬᠦᠯᠢᠶᠡᠵᠦ ᠪᠠᠢᠭ᠎ᠠ ᠵᠦᠢᠯ ᠪᠣᠯ ᠣᠯᠠᠨ ᠲᠦᠮᠡᠨ ᠦ᠌ ᠰᠡᠳᠬᠢᠯ᠃ ᠲᠡᠳᠡ ᠲᠠᠢᠪᠤᠰᠢᠷᠠᠯ ᠢ᠋ ᠣᠯᠬᠤ ᠰᠠᠢᠬᠠᠨ ᠴᠠᠭ ᠢ᠋ ᠬᠦᠯᠢᠶᠡᠵᠦ ᠪᠠᠢᠭ᠎ᠠ᠂ ᠪᠢᠳᠡ ᠲᠡᠳᠡᠨ ᠦ᠌ ᠲᠥᠯᠥᠭᠡ ᠶᠠᠪᠤᠵᠤ ᠪᠠᠢᠨ᠎ᠠ ᠭᠡᠵᠦ ᠬᠡᠯᠡᠪᠡ᠃ ᠬᠤᠪᠢᠯᠠᠢ᠄
— ᠪᠢᠳᠡᠨ ᠢ᠋ ᠨᠤᠲᠤᠭ ᠡᠴᠡ ᠪᠠᠨ ᠭᠠᠷᠬᠤ ᠳ᠋ᠤ᠌ ᠬᠤᠷᠠᠯᠲᠠᠢ ᠳ᠋ᠤ᠌ ᠤᠴᠢᠯ ᠦᠭᠡᠢ ᠦᠯᠡᠳᠡᠭᠰᠡᠨ ᠬᠠᠨ ᠬᠥᠪᠡᠭᠦᠳ ᠥᠨᠥ ᠠᠬ᠎ᠠ ᠲᠠᠨ ᠢ᠋ ᠬᠠᠭᠠᠨ ᠰᠠᠭᠤᠬᠤ ᠭᠡᠵᠦ ᠪᠣᠢ ᠶ᠋ᠢ ᠳᠤᠭᠤᠯᠤᠭᠠᠳ ᠯᠠᠪ ᠨᠢᠭᠡᠳᠬᠦ ᠪᠢᠵᠡ᠃ ᠲᠡᠳᠡᠨ ᠲᠡᠢ ᠬᠡᠷᠬᠢᠨ ᠲᠤᠯᠬᠤ ᠪᠢᠯᠡ ᠬᠡᠮᠡᠪᠡ᠃ ᠮᠥᠩᠬᠡ᠄
—ᠤᠭ ᠨᠢ ᠭᠦᠶᠦᠭ ᠪᠢᠳᠡ ᠬᠣᠶᠠᠷ ᠮᠥᠩᠬᠡ ᠲᠩᠷᠢ ᠶ᠋ᠢᠨ ᠳᠣᠣᠷ᠎ᠠ ᠠᠬ᠎ᠠ ᠳᠡᠭᠦᠦ ᠪᠣᠯᠤᠯᠴᠠᠭᠰᠠᠨ ᠤᠯᠤᠰ᠂ ᠲᠡᠳᠡᠨ ᠢ᠋ ᠪᠢᠳᠡ ᠣᠯᠠᠨ ᠤᠳᠠᠭ᠎ᠠ ᠠᠭᠤᠴᠢᠯᠠᠭᠰᠠᠨ᠂ ᠠᠪᠤ ᠮᠢᠨᠢ ᠬᠠᠭᠠᠨ ᠠᠬ᠎ᠠ ᠶ᠋ᠢᠨ ᠡᠮᠦᠨ᠎ᠡ ᠡᠴᠡ ᠵᠣᠯᠢᠶ᠎ᠠ ᠪᠣᠯᠤᠨ ᠣᠳᠬᠤ ᠳ᠋ᠤ᠌ ᠪᠢᠳᠡ ᠶᠠᠭᠤᠮ᠎ᠠ ᠬᠡᠯᠡᠭᠡ ᠦᠭᠡᠢ ᠴᠡᠭᠡᠵᠢᠨ ᠳ᠋ᠡᠭᠡᠨ ᠪᠡᠲᠡᠭᠢᠷᠡᠵᠦ ᠦᠯᠡᠳᠡᠭᠰᠡᠨ᠂ ᠭᠠᠵᠠᠷ ᠨᠤᠲᠤᠭ ᠢ᠋ ᠮᠢᠨᠢ ᠠᠪᠴᠤ ᠴᠡᠷᠢᠭ ᠤᠳ ᠢ᠋ ᠮᠢᠨᠢ ᠬᠤᠷᠢᠶᠠᠬᠤ ᠳ᠋ᠤ᠌ ᠮᠥᠨ ᠯᠡ ᠳᠠᠭᠤ ᠦᠭᠡᠢ ᠪᠠᠢᠭᠰᠠᠨ᠂ ᠮᠢᠨᠦ ᠡᠵᠢ ᠶ᠋ᠢ ᠬᠥᠶᠦᠭ ᠲᠡᠢ ᠭᠡᠷᠯᠡᠭᠦᠯᠬᠦ ᠰᠠᠨᠠᠯ ᠢ᠋ ᠲᠠᠯᠪᠢᠵᠤ ᠪᠠᠢᠬᠤ ᠳ᠋ᠤ᠌ ᠵᠦᠭᠡᠷ ᠯᠡ ᠬᠠᠷᠠᠵᠤ ᠰᠠᠭᠤᠭᠰᠠᠨ᠂ ᠮᠥᠩᠬᠡ ᠲᠩᠷᠢ ᠶ᠋ᠢᠨ ᠠᠪᠤᠷᠠᠯ᠂ ᠴᠡᠴᠡᠨ ᠤᠬᠠᠭᠠᠨ ᠤ᠋ ᠪᠠᠨ ᠬᠦᠴᠦ ᠪᠡᠷ ᠡᠵᠢ ᠮᠢᠨᠢ ᠬᠥᠶᠦᠭ ᠤ᠋ᠨ ᠬᠠᠲᠤᠨ ᠪᠣᠯᠤᠭᠰᠠᠨ ᠦᠭᠡᠢ᠃ ᠥᠭᠡᠳᠡᠢ ᠬᠠᠭᠠᠨ ᠢ᠋ ᠥᠪᠡᠷ ᠤ᠋ᠨ ᠳᠠᠷᠠᠭ᠎ᠠ ᠬᠠᠭᠠᠨ ᠣᠷᠣ ᠰᠠᠭᠤᠬᠤ ᠬᠥᠮᠦᠨ ᠭᠡᠵᠦ ᠨᠠᠮᠠᠶ᠋ᠢ ᠨᠡᠷᠡᠯᠡᠵᠦ ᠪᠠᠢᠭᠰᠠᠨ ᠢ᠋ ᠮᠡᠳᠡᠭᠰᠡᠨ ᠬᠢᠷᠢᠨ᠎ᠡ ᠬᠥᠶᠦᠭ ᠢ᠋ ᠬᠠᠭᠠᠨ ᠰᠢᠷᠡᠭᠡᠨ ᠳ᠋ᠦ᠍ ᠰᠠᠭᠤᠯᠭᠠᠬᠤ ᠳ᠋ᠤ᠌ ᠶᠠᠭᠤᠮ᠎ᠠ ᠬᠡᠯᠡᠭᠡ ᠦᠭᠡᠢ᠃ ᠭᠦᠶᠦᠭ ᠭᠠᠵᠠᠷ ᠨᠤᠲᠤᠭ ᠢ᠋ ᠮᠢᠨᠢ ᠰᠢᠯᠭᠠᠵᠤ ᠦᠯᠡᠳᠡᠭᠰᠡᠨ ᠴᠡᠷᠢᠭ ᠢ᠋ ᠮᠢᠨᠢ ᠠᠪᠬᠤ ᠳ᠋ᠤ᠌ ᠪᠠᠰᠠ ᠯᠠ ᠳᠠᠭᠤ ᠦᠭᠡᠢ ᠪᠠᠢᠭᠰᠠᠨ᠃ ᠡᠨᠡ ᠪᠦᠬᠦᠨ ᠳ᠋ᠦ᠍ ᠬᠠᠲᠤᠨ ᠡᠬᠡ ᠶ᠋ᠢᠨ ᠬᠦᠯᠢᠴᠡᠨ ᠲᠡᠪᠴᠢ ᠭᠡᠳᠡᠭ ᠤᠬᠠᠭᠠᠨ ᠨᠥᠯᠥᠭᠡᠯᠡᠵᠦ ᠪᠠᠢᠭᠰᠠᠨ ᠴᠤ᠌ ᠮᠥᠩᠬᠡ ᠲᠩᠷᠢ ᠶ᠋ᠢᠨ ᠳᠣᠣᠷ᠎ᠠ ᠬᠥᠶᠦᠭ ᠲᠡᠢ ᠠᠨᠳᠠᠭᠠᠢᠯᠠᠭᠰᠠᠨ ᠠᠬ᠎ᠠ ᠳᠡᠭᠦᠦ ᠶ᠋ᠢᠨ ᠠᠮᠠᠨ ᠲᠠᠩᠭᠠᠷᠢᠭ ᠲᠠᠭᠠᠨ ᠦᠨᠡᠨᠴᠢ ᠪᠠᠢᠭᠰᠠᠨ ᠮᠢᠨᠢ ᠲᠡᠷᠡ ᠶᠤᠮ ᠬᠡᠮᠡᠪᠡ᠃
ᠠᠯᠲᠠᠨ ᠣᠷᠳᠣᠨ ᠤ᠋ ᠤᠯᠤᠰ ᠲᠤ᠌ ᠪᠣᠯᠤᠭᠰᠠᠨ ᠨᠣᠶᠠᠳ ᠤ᠋ᠨ ᠬᠤᠷᠠᠯᠳᠠᠢ ᠥᠨᠳᠥᠷᠯᠡᠵᠦ᠂ ᠳᠠᠷᠤᠢ ᠭᠤᠷᠪᠠᠨ ᠰᠠᠷ᠎ᠠ ᠶ᠋ᠢᠨ ᠳᠠᠷᠠᠭ᠎ᠠ ᠮᠥᠩᠬᠡ᠂ ᠪᠡᠷᠬᠡ ᠶ᠋ᠢᠨ ᠬᠠᠮᠲᠤ ᠭᠤᠷᠪᠠᠨ ᠲᠦᠮᠡᠨ ᠴᠡᠷᠢᠭ ᠲᠡᠢ ᠡᠬᠡ ᠨᠤᠲᠤᠭ ᠲᠠᠭᠠᠨ ᠢᠷᠡᠯ᠎ᠡ ᠭᠡᠰᠡᠨ ᠮᠡᠳᠡᠭᠡ ᠬᠡᠭᠡᠷ᠎ᠡ ᠶ᠋ᠢᠨ ᠰᠠᠯᠬᠢᠨ ᠡᠴᠡ ᠬᠤᠷᠳᠤᠨ ᠢ᠋ᠶ᠋ᠠᠷ ᠮᠣᠩᠭᠣᠯ ᠤ᠋ᠨ ᠲᠠᠯ᠎ᠠ ᠳ᠋ᠤ᠌ ᠰᠣᠨᠣᠰᠤᠭᠳᠠᠯ᠎ᠠ᠃ ᠬᠠᠭᠠᠨ ᠰᠢᠷᠡᠭᠡᠨ ᠦ᠌ ᠲᠥᠯᠥᠭᠡ ᠴᠢᠭ ᠴᠢᠭ ᠢ᠋ᠶ᠋ᠡᠨ ᠬᠠᠷᠠᠨ ᠬᠥᠯ ᠢ᠋ᠶ᠋ᠡᠨ ᠵᠢᠭᠢᠯᠴᠡᠨ ᠰᠠᠭᠤᠭᠰᠠᠨ ᠴᠠᠭᠠᠲᠠᠢ ᠥᠭᠡᠳᠡᠢ ᠶ᠋ᠢᠨ ᠤᠳᠤᠮ ᠤ᠋ᠨ ᠬᠢᠨ ᠳ᠋ᠦ᠍ ᠡᠨᠡ ᠮᠡᠳᠡᠭᠡ ᠠᠢᠳᠠᠰ ᠤ᠋ᠨ ᠬᠠᠷᠠᠩᠭ᠎ᠠ ᠳᠡᠯᠡᠳᠬᠦ ᠰᠢᠭ ᠪᠣᠯᠵᠤ᠂ ᠰᠣᠨᠣᠰᠤᠭᠳᠠᠭᠰᠠᠨ ᠳᠠᠷᠤᠢ ᠥᠪᠡᠷ ᠥᠪᠡᠷ ᠤ᠋ᠨ ᠤᠯᠤᠰ ᠢ᠋ ᠪᠠᠢᠭᠤᠯᠤᠨ ᠰᠠᠭᠤᠭᠰᠠᠨ ᠬᠠᠨ ᠬᠥᠪᠡᠭᠦᠳ ᠥᠨᠥ ᠨᠢᠭᠡᠨ ᠳᠡᠭᠡᠪᠦᠷ ᠳᠣᠣᠷ᠎ᠠ ᠴᠤᠭᠯᠠᠨ ᠶᠠᠷᠢᠯᠴᠠᠬᠤ ᠪᠣᠯᠪᠠ᠃ ᠬᠥᠮᠦᠰ ᠤ᠋ᠨ ᠴᠢᠷᠠᠢ ᠳ᠋ᠤ᠌ ᠠᠢᠳᠠᠰ ᠲᠦᠭᠰᠢᠭᠦᠷᠢ ᠲᠣᠳᠣᠷᠠᠨ ᠪᠠᠢᠪᠠ᠃ ᠤᠭᠣᠯ ᠬᠠᠢᠮᠢᠱ ᠬᠠᠲᠤᠨ ᠭᠠᠷ ᠲᠠᠭᠠᠨ ᠲᠥᠷᠥ ᠶ᠋ᠢᠨ ᠬᠠᠰᠪᠤᠤ ᠲᠠᠮᠠᠭ᠎ᠠ ᠶ᠋ᠢ ᠠᠳᠬᠤᠵᠠᠢ᠃ ᠲᠡᠷᠡ ᠪᠡᠷ᠄
— ᠬᠡᠷᠡᠭ ᠶᠠᠪᠤᠳᠠᠯ ᠡᠢᠮᠦ ᠬᠤᠷᠳᠤᠨ ᠰᠢᠢᠳᠦᠭᠳᠡᠨ᠎ᠡ ᠭᠡᠵᠦ ᠬᠡᠨ ᠰᠠᠨᠠᠬᠤ ᠪᠢᠯᠡ᠃ ᠪᠠᠲᠤ ᠶ᠋ᠢᠨ ᠢᠯᠡᠭᠡᠭᠰᠡᠨ ᠭᠤᠷᠪᠠᠨ ᠲᠦᠮᠡᠨ ᠴᠡᠷᠢᠭ ᠲᠠᠯ᠎ᠠ ᠨᠤᠲᠤᠭ ᠲᠤ᠌ ᠢᠷᠡᠯ᠎ᠡ᠃ ᠴᠢᠬᠢ ᠪᠣᠯᠭᠠᠨ ᠶᠠᠪᠤᠭᠤᠯᠤᠭᠰᠠᠨ ᠨᠣᠶᠠᠨᠲᠠᠨ ᠢ᠋ ᠪᠢᠳᠡᠨ ᠳ᠋ᠦ᠍ ᠢᠯᠡᠭᠡᠭᠰᠡᠨ ᠦᠭᠡᠢ ᠲᠤᠯᠠ ᠬᠤᠷᠠᠯᠳᠠᠢ ᠶ᠋ᠢᠨ ᠰᠢᠢᠳᠪᠦᠷᠢ ᠶ᠋ᠢ ᠢᠷᠡᠭᠰᠡᠨ ᠬᠣᠢᠨ᠎ᠠ ᠨᠢ ᠮᠡᠳᠡᠪᠡ᠃ ᠴᠤᠪᠤᠵᠤ ᠶᠠᠪᠤᠭᠰᠠᠨ ᠪᠠᠷᠰ ᠡᠴᠡ᠂ ᠴᠤᠭᠯᠠᠷᠠᠵᠤ ᠰᠠᠭᠤᠭᠰᠠᠨ ᠱᠠᠭᠠᠵᠠᠭᠠᠢ ᠳᠡᠭᠡᠷ᠎ᠡ ᠭᠡᠳᠡᠭ ᠦᠨᠡᠨ ᠢ᠋ ᠪᠢᠳᠡ ᠬᠠᠷᠠᠯ᠎ᠠ᠃ ᠮᠣᠩᠭᠣᠯ ᠲᠥᠷᠥ ᠶ᠋ᠢᠨ ᠬᠠᠰᠪᠤᠤ ᠲᠠᠮᠠᠭ᠎ᠠ ᠶ᠋ᠢ ᠪᠢ ᠲᠡᠳᠡᠨ ᠳ᠋ᠦ᠍ ᠨᠠᠢᠷ ᠲᠠᠯᠪᠢᠨ ᠥᠭᠬᠦ᠂ ᠬᠠᠮᠠᠭᠠᠯᠠᠨ ᠲᠡᠮᠡᠴᠡᠬᠦ ᠬᠣᠶᠠᠷ ᠤ᠋ᠨ ᠠᠯᠢ ᠨᠢᠭᠡ ᠵᠠᠮ ᠢ᠋ ᠰᠣᠩᠭᠣᠬᠤ ᠴᠠᠭ ᠪᠣᠯᠵᠠᠢ ᠬᠡᠮᠡᠪᠡ᠃
ᠴᠤᠭᠯᠠᠭᠰᠠᠨ ᠨᠣᠶᠠᠳ ᠠᠷᠭ᠎ᠠ ᠤᠬᠠᠭᠠᠨ ᠢ᠋ᠶ᠋ᠠᠨ ᠪᠠᠷᠠᠭᠰᠠᠨ ᠤ᠋ ᠳᠡᠭᠡᠷ᠎ᠡ ᠭᠡᠨᠡᠳᠲᠡ ᠶ᠋ᠢᠨ ᠡᠨᠡ ᠮᠡᠳᠡᠭᠡᠨ ᠳ᠋ᠦ᠍ ᠠᠶᠤᠵᠤ ᠮᠡᠭᠳᠡᠷᠡᠭᠰᠡᠨ ᠪᠠᠢᠪᠠ᠃ ᠬᠥᠮᠦᠰ ᠤ᠋ᠨ ᠴᠢᠷᠠᠢ ᠳ᠋ᠤ᠌ ᠪᠡᠷᠬᠡ ᠶ᠋ᠢᠨ ᠭᠤᠷᠪᠠᠨ ᠲᠦᠮᠡᠨ ᠴᠡᠷᠢᠭ ᠬᠡᠵᠢᠶ᠎ᠡ ᠮᠥᠳᠳᠥ ᠦᠭᠡᠢ ᠣᠷᠣᠵᠤ ᠢᠷᠡᠭᠡᠳ ᠲᠣᠯᠣᠭᠠᠢ ᠶ᠋ᠢ ᠨᠢ ᠬᠢᠷᠭᠠᠬᠤ ᠭᠡᠵᠦ ᠪᠠᠢᠭ᠎ᠠ ᠮᠡᠲᠦ ᠠᠢᠳᠠᠰ ᠬᠤᠷᠭᠠᠵᠠᠢ᠃ ᠬᠥᠶᠦᠭ ᠬᠠᠭᠠᠨ ᠦ᠌ ᠬᠦᠦ ᠬᠤᠵᠠ᠄
— ᠨᠢᠭᠡᠳᠴᠦ ᠴᠢᠳᠠᠭ᠎ᠠ ᠦᠭᠡᠢ ᠨᠢ ᠪᠢᠳᠡᠨ ᠦ᠌ ᠪᠤᠷᠤᠭᠤ᠂ ᠭᠡᠪᠡᠴᠦ ᠣᠷᠣᠢᠲᠠᠭᠠ ᠦᠭᠡᠢ ᠪᠠᠢᠨ᠎ᠠ᠃ ᠮᠥᠩᠬᠡ ᠥᠨᠥ ᠬᠠᠭᠠᠨ ᠰᠠᠭᠤᠳᠠᠯ ᠳ᠋ᠤ᠌ ᠰᠠᠭᠤᠭ᠎ᠠ ᠦᠭᠡᠢ ᠪᠠᠢᠭ᠎ᠠ ᠲᠤᠯᠠ ᠶᠠᠮᠠᠷ ᠨᠢᠭᠡᠨ ᠠᠷᠭ᠎ᠠ ᠪᠠᠢᠵᠤ ᠯᠠ ᠳᠠᠭᠠᠷᠠᠭ᠎ᠠ ᠭᠡᠬᠦ ᠳ᠋ᠦ᠍ ᠨᠠᠭᠤ ᠄
— ᠴᠡᠷᠢᠭ ᠤ᠋ᠨ ᠬᠦᠴᠦ ᠪᠡᠷ ᠪᠢᠳᠡ ᠲᠡᠳᠡᠨ ᠢ᠋ ᠲᠣᠭᠲᠠᠭᠠᠨ ᠪᠠᠷᠢᠵᠤ ᠴᠢᠳᠠᠬᠤ ᠦᠭᠡᠢ᠃ ᠢᠰᠮᠡᠢᠯ ᠤ᠋ᠨ ᠵᠦᠭ ᠶᠠᠪᠤᠭᠤᠯᠤᠭᠰᠠᠨ ᠶᠡᠬᠡ ᠴᠡᠷᠢᠭ ᠢ᠋ ᠠᠯᠲᠠᠨ ᠣᠷᠳᠣᠨ ᠤ᠋ ᠤᠯᠤᠰ ᠲᠤ᠌ ᠪᠠᠲᠤ ᠬᠠᠭᠠᠨ ᠲᠣᠭᠲᠠᠭᠠᠨ ᠪᠠᠷᠢᠭᠰᠠᠨ ᠲᠤᠯᠠ ᠪᠢᠳᠡᠨ ᠳ᠋ᠦ᠍ ᠴᠡᠷᠢᠭ ᠤ᠋ᠨ ᠬᠦᠴᠦ ᠳᠤᠲᠠᠨ᠎ᠠ᠃ ᠪᠢᠳᠡ ᠡᠬᠢᠨ ᠡᠴᠡ ᠯᠡ ᠺᠢᠫᠴᠠᠺ ᠤ᠋ᠨ ᠲᠠᠯ᠎ᠠ ᠳ᠋ᠤ᠌ ᠣᠴᠢᠬᠤ ᠪᠠᠢᠭᠰᠠᠨ ᠪᠤᠰᠤ ᠤᠤ ᠬᠡᠮᠡᠪᠡ᠃ ᠤᠭᠤᠯ ᠬᠠᠢᠮᠢᠱ ᠬᠠᠲᠤᠨ᠄
— ᠪᠢᠳᠡ ᠲᠡᠨᠳᠡ ᠣᠴᠢᠭᠠᠳ ᠶᠠᠭᠤ ᠶ᠋ᠢ ᠥᠭᠡᠷᠡᠴᠢᠯᠡᠬᠦ ᠪᠠᠢᠭᠰᠠᠨ ᠶᠤᠮ ᠪᠣᠢ? ᠡᠨᠳᠡ ᠠᠮᠢᠳᠤ ᠰᠠᠭᠤᠵᠤ ᠪᠠᠢᠬᠤ ᠦᠭᠡᠢ ᠴᠤ᠌ ᠪᠠᠢᠵᠤ ᠪᠣᠯᠬᠤ ᠪᠠᠢᠭᠰᠠᠨ᠃ ᠬᠤᠵᠠ ᠶ᠋ᠢᠨ ᠬᠡᠯᠡᠳᠡᠭ ᠢ᠋ᠶ᠋ᠡᠷ ᠶᠠᠮᠠᠷ ᠨᠢᠭᠡᠨ ᠠᠷᠭ᠎ᠠ ᠣᠯᠳᠠᠬᠤ ᠦᠭᠡᠢ ᠯᠡ ᠪᠣᠯ ᠬᠠᠭᠠᠨᠲᠤ ᠲᠥᠷᠥ ᠶ᠋ᠢᠨ ᠲᠠᠮᠠᠭ᠎ᠠ ᠶ᠋ᠢ ᠲᠡᠳᠡᠨ ᠳ᠋ᠦ᠍ ᠨᠠᠢᠷ ᠲᠠᠯᠪᠢᠨ ᠥᠭᠬᠦ ᠡᠴᠡ ᠥᠭᠡᠷ᠎ᠡ ᠠᠷᠭ᠎ᠠ ᠦᠯᠡᠳᠡᠭᠰᠡᠨ ᠦᠭᠡᠢ᠃ ᠬᠡᠵᠢᠶ᠎ᠡ ᠮᠥᠳᠳᠥ ᠦᠭᠡᠢ ᠮᠥᠩᠬᠡ ᠶ᠋ᠢ ᠬᠠᠭᠠᠨ ᠡᠷᠭᠦᠮᠵᠢᠯᠡᠬᠦ ᠶᠣᠰᠣᠯᠠᠯ ᠡᠬᠢᠯᠡᠨ᠎ᠡ ᠭᠡᠪᠡ᠃ ᠬᠠᠨ ᠬᠦᠦ ᠨᠠᠭᠤ ᠠᠭᠤᠷᠰᠠᠨ᠂
— ᠨᠠᠢᠷ ᠲᠠᠯᠪᠢᠨ ᠥᠭᠬᠦ ᠭᠡᠨ᠎ᠡ ᠤᠤ᠂ ᠬᠦᠴᠦ ᠪᠡᠨ ᠦᠵᠡᠨ ᠲᠡᠮᠡᠴᠡᠶ᠎ᠡ᠃ ᠬᠠᠭᠠᠨᠲᠤ ᠲᠥᠷᠥ ᠶ᠋ᠢᠨ ᠬᠠᠰᠪᠤᠤ ᠲᠠᠮᠠᠭ᠎ᠠ ᠶ᠋ᠢ ᠲᠤᠯᠤᠢ ᠶ᠋ᠢᠨ ᠤᠳᠤᠮ ᠳ᠋ᠤ᠌ ᠬᠡᠷᠬᠢᠪᠡᠴᠦ ᠥᠭᠴᠦ ᠪᠣᠯᠬᠤ ᠦᠭᠡᠢ᠂ ᠬᠠᠭᠠᠨ ᠤ᠋ ᠦᠷ᠎ᠡ ᠬᠠᠭᠠᠨ ᠪᠣᠯᠬᠤ ᠶᠣᠰᠣᠲᠠᠢ ᠠᠲᠠᠯ᠎ᠠ ᠲᠤᠯᠤᠢ ᠶ᠋ᠢᠨ ᠦᠷ᠎ᠡ ᠬᠠᠭᠠᠨ ᠰᠠᠭᠤᠬᠤ ᠬᠡᠷᠡᠭ ᠤᠤ ᠬᠡᠮᠡᠪᠡ᠃ ᠤᠭᠤᠯ ᠬᠠᠢᠮᠢᠱ ᠬᠠᠲᠤᠨ᠂
— ᠰᠤᠷᠬᠠᠭᠳᠠᠨᠢ ᠬᠠᠲᠤᠨ ᠪᠠᠲᠤ ᠲᠠᠢ ᠬᠡᠯᠡᠯᠴᠡᠭᠰᠡᠨ ᠶᠤᠮ ᠰᠢᠭ ᠰᠠᠨᠠᠭᠳᠠᠭᠠᠳ ᠪᠠᠢᠬᠤ ᠶᠤᠮ᠃ ᠬᠡᠷᠡᠭ ᠶᠠᠪᠤᠳᠠᠯ ᠡᠢᠮᠦ ᠬᠤᠷᠳᠤᠨ ᠰᠢᠢᠳᠦᠭᠳᠡᠬᠦ ᠶᠣᠰᠣ ᠦᠭᠡᠢ᠃ ᠪᠢᠳᠡ ᠪᠠᠲᠤ ᠶ᠋ᠢ ᠬᠦᠴᠦᠲᠡᠢ ᠭᠡᠮᠡᠨ ᠲᠣᠭᠠᠴᠠᠵᠤ ᠬᠠᠮᠤᠭ ᠠᠩᠬᠠᠷᠤᠯ ᠢ᠋ᠶ᠋ᠠᠨ ᠲᠡᠭᠦᠨ ᠳ᠋ᠦ᠍ ᠴᠢᠭᠯᠡᠭᠦᠯᠵᠦ ᠪᠠᠢᠭᠰᠠᠨ᠃ ᠬᠡᠷᠪᠡ ᠲᠠ ᠬᠣᠶᠠᠷ ᠢ᠋ ᠬᠠᠭᠠᠨ ᠰᠠᠭᠤᠯᠭᠠᠭᠰᠠᠨ ᠪᠣᠯ ᠪᠠᠲᠤ ᠶᠠᠭᠠᠬᠢᠪᠠᠴᠤ ᠵᠦᠭᠡᠷ ᠰᠠᠭᠤᠬᠤ ᠦᠭᠡᠢ ᠭᠡᠳᠡᠭ ᠡᠴᠡ ᠪᠣᠯᠭᠣᠮᠵᠢᠯᠠᠨ ᠰᠢᠷᠡᠮᠦᠨ ᠢ᠋ ᠬᠠᠭᠠᠨ ᠰᠠᠭᠤᠯᠭᠠᠶ᠎ᠠ ᠭᠡᠵᠦ ᠰᠢᠢᠳᠦᠭᠰᠡᠨ᠃ ᠬᠠᠷᠢᠨ ᠰᠤᠷᠬᠠᠭᠳᠠᠨᠢ ᠬᠠᠲᠤᠨ ᠢ᠋ ᠮᠠᠷᠲᠠᠭᠰᠠᠨ ᠬᠡᠷᠡᠭ ᠪᠠᠢᠵᠠᠢ᠃ ᠲᠡᠷᠡ ᠪᠢᠳᠡᠨ ᠡᠴᠡ ᠬᠤᠷᠳᠤ ᠲᠠᠢ ᠬᠥᠳᠡᠯᠵᠦ᠂ ᠥᠨᠥ ᠥᠪᠡᠷ ᠤ᠋ᠨ ᠬᠦᠦ ᠶ᠋ᠢ ᠬᠠᠭᠠᠨ ᠰᠢᠷᠡᠭᠡᠨ ᠳ᠋ᠦ᠍ ᠵᠠᠯᠠᠬᠤ ᠪᠣᠯᠤᠯ᠎ᠠ᠃ ᠡᠨᠡ ᠬᠠᠲᠤᠨ ᠤ᠋ ᠤᠬᠠᠭᠠᠨ ᠢ᠋ ᠪᠠᠷᠠᠵᠤ ᠢᠳᠡᠬᠦ ᠦᠭᠡᠢ ᠭᠡᠵᠦ ᠥᠭᠡᠳᠡᠢ ᠬᠠᠭᠠᠨ ᠪᠠᠢᠩᠭᠤ ᠶᠠᠷᠢᠳᠠᠭ ᠪᠠᠢᠭᠰᠠᠨ ᠢ᠋ ᠮᠠᠷᠲᠠᠭᠰᠠᠨ ᠪᠠᠢᠨ᠎ᠠ᠃ ᠬᠡᠷᠪᠡ ᠲᠠ ᠨᠠᠷ ᠡᠬᠡ ᠲᠡᠢ ᠪᠡᠨ ᠨᠡᠢᠯᠡᠵᠦ ᠰᠠᠭᠤᠭᠰᠠᠨ ᠪᠣᠯ ᠪᠢᠳᠡᠨ ᠳ᠋ᠦ᠍ ᠪᠦᠬᠦ ᠪᠣᠯᠤᠮᠵᠢ ᠨᠡᠭᠡᠭᠡᠯᠲᠡ ᠲᠡᠢ ᠪᠠᠢᠭᠰᠠᠨ ᠰᠢᠦ ᠳᠡ ᠬᠡᠮᠡᠪᠡ᠃ ᠬᠤᠵᠠ᠄
— ᠣᠳᠣ ᠪᠢᠳᠡᠨ ᠳ᠋ᠦ᠍ ᠬᠠᠷᠠᠮᠰᠠᠬᠤ ᠴᠠᠭ ᠠᠯᠠᠭ᠎ᠠ᠃ ᠬᠠᠭᠠᠨ ᠡᠷᠭᠦᠮᠵᠢᠯᠡᠬᠦ ᠶᠣᠰᠣᠯᠠᠯ ᠢ᠋ ᠶᠠᠮᠠᠷ ᠨᠢᠭᠡᠨ ᠠᠷᠭ᠎ᠠ ᠪᠠᠷ ᠬᠢᠯᠭᠡᠬᠦ ᠦᠭᠡᠢ ᠪᠠᠢᠬᠤ ᠠᠷᠭ᠎ᠠ ᠤᠬᠠᠭᠠᠨ ᠣᠯᠬᠤ ᠬᠡᠷᠡᠭᠲᠡᠢ᠃ ᠭᠡᠪᠡᠴᠦ ᠶᠡᠬᠡ ᠬᠠᠭᠠᠨ ᠤ᠋ ᠲᠥᠷᠥᠭᠰᠡᠨ ᠨᠤᠲᠤᠭ ᠬᠥᠳᠡᠭᠡ ᠠᠷᠠᠯ ᠳ᠋ᠤ᠌ ᠵᠠᠷᠯᠠᠭᠰᠠᠨ ᠬᠤᠷᠠᠯᠳᠠᠢ ᠳ᠋ᠤ᠌ ᠣᠴᠢᠬᠤ ᠦᠭᠡᠢ ᠭᠡᠵᠦ ᠵᠥᠷᠢᠬᠦ ᠬᠥᠮᠦᠨ ᠠᠯᠲᠠᠨ ᠤᠷᠤᠭ ᠤ᠋ᠨ ᠬᠢᠨ ᠳ᠋ᠦ᠍ ᠬᠣᠪᠣᠷ ᠭᠡᠬᠦ ᠳ᠋ᠦ᠍ ᠨᠠᠭᠤ ᠄
— ᠪᠢᠳᠡᠨ ᠳ᠋ᠦ᠍ ᠴᠡᠷᠢᠭ ᠤ᠋ᠨ ᠬᠦᠴᠦ ᠳᠤᠲᠠᠮᠠᠭ ᠲᠤᠯᠠ ᠬᠦᠴᠦ ᠪᠡᠷ ᠳᠡᠢᠯᠬᠦ ᠦᠭᠡᠢ᠂ ᠬᠠᠭᠠᠨ ᠡᠷᠭᠦᠮᠵᠢᠯᠡᠬᠦ ᠶᠣᠰᠣᠯᠠᠯ ᠪᠣᠯᠳᠠᠭ ᠢ᠋ᠶ᠋ᠠᠷ ᠢ᠋ᠶ᠋ᠠᠨ ᠪᠣᠯᠤᠨ᠎ᠠ᠃ ᠬᠠᠷᠢᠨ ᠨᠢᠭᠡ ᠠᠷᠭ᠎ᠠ ᠪᠠᠢᠵᠤ ᠪᠣᠯᠬᠤ ᠶᠤᠮ᠃ ᠬᠤᠷᠠᠯᠳᠠᠢ ᠪᠣᠯᠳᠠᠭ ᠢ᠋ᠶ᠋ᠠᠷ ᠢ᠋ᠶ᠋ᠠᠨ ᠪᠣᠯᠤᠭ᠂ ᠪᠢᠳᠡ ᠬᠠᠭᠠᠨ ᠢ᠋ ᠰᠢᠷᠡᠭᠡᠨ ᠳ᠋ᠦ᠍ ᠵᠠᠯᠠᠭᠰᠠᠨ ᠤ᠋ ᠳᠠᠷᠠᠭ᠎ᠠ ᠶᠡᠬᠡ ᠨᠠᠢᠷ ᠴᠡᠩᠭᠡᠯ ᠤ᠋ᠨ ᠳᠤᠮᠳᠠᠭᠤᠷ ᠴᠤᠭᠯᠠᠭᠰᠠᠨ ᠣᠯᠠᠨ ᠳᠡᠷᠡᠰᠦᠨ ᠳ᠋ᠦ᠍ ᠬᠥᠯᠴᠥᠭᠦᠷᠡᠨ ᠠᠯᠵᠢᠶᠠᠵᠤ᠂ ᠶᠡᠬᠡ ᠴᠡᠷᠢᠭ ᠠᠮᠠᠷᠠᠨ ᠨᠣᠵᠣᠭᠠᠷᠠᠵᠤ ᠪᠠᠢᠬᠤ ᠳ᠋ᠤ᠌ ᠥᠪᠡᠷ ᠤ᠋ᠨ ᠬᠦᠴᠦ ᠪᠡᠷ ᠭᠡᠨᠡᠳᠡᠭᠦᠯᠦᠨ ᠳᠠᠷᠤᠪᠠᠯ ᠶᠠᠮᠠᠷ ᠪᠣᠢ ᠬᠡᠮᠡᠪᠡ᠃
ᠪᠠᠢᠩᠭᠤ ᠬᠡᠷᠡᠭᠦᠯ ᠬᠢᠵᠦ ᠶᠠᠪᠤᠳᠠᠭ ᠨᠠᠭᠤ ᠡᠨᠡ ᠤᠳᠠᠭ᠎ᠠ ᠮᠡᠷᠭᠡᠨ ᠰᠠᠨᠠᠭ᠎ᠠ ᠭᠠᠷᠭᠠᠭᠰᠠᠨ ᠳ᠋ᠤ᠌ ᠪᠦᠭᠦᠳᠡ ᠭᠠᠢᠬᠠᠨ ᠲᠡᠭᠦᠨ ᠢ᠋ ᠬᠠᠷᠠᠵᠤ ᠪᠠᠢᠯ᠎ᠠ᠃ ᠨᠠᠭᠤ ᠬᠡᠯᠡᠭᠰᠡᠨ ᠦᠭᠡᠨ ᠳ᠋ᠦ᠍ᠨᠢ ᠵᠥᠪ ᠪᠤᠷᠤᠭᠤ ᠠᠯᠢ ᠨᠢ ᠪᠣᠯᠬᠤ ᠬᠠᠷᠢᠭᠤᠯᠲᠠ ᠥᠭᠬᠦ ᠦᠭᠡᠢ ᠥᠭᠡᠳᠡ ᠡᠴᠡ ᠨᠢ ᠭᠠᠢᠬᠠᠨ ᠬᠠᠷᠠᠵᠤ ᠪᠠᠢᠭ᠎ᠠ ᠬᠥᠮᠦᠰ ᠢ᠋ ᠣᠢᠯᠠᠭᠠᠭᠰᠠᠨ ᠦᠭᠡᠢ᠃ ᠬᠣᠵᠠ᠄
ᠴᠢᠨᠦ ᠰᠠᠨᠠᠭ᠎ᠠ ᠮᠡᠷᠭᠡᠨ ᠪᠤᠶᠤ ᠭᠡᠬᠦ ᠳ᠋ᠦ᠍ ᠰᠠᠶᠢ ᠬᠥᠮᠦᠰ ᠬᠡᠯᠡᠭᠰᠡᠨ ᠦᠭᠡ ᠶ᠋ᠢ ᠨᠢ ᠵᠥᠪᠰᠢᠶᠡᠷᠡᠵᠦ ᠪᠠᠢᠭ᠎ᠠ ᠶ᠋ᠢ ᠣᠢᠯᠠᠭᠠᠪᠠ᠃ ᠬᠤᠵᠠ᠄
— ᠨᠠᠭᠤ ᠶ᠋ᠢᠨ ᠰᠠᠨᠠᠭᠠᠨ ᠳᠡᠭᠡᠷ᠎ᠡ ᠨᠡᠮᠡᠵᠦ ᠬᠡᠯᠡᠬᠦ ᠰᠠᠨᠠᠯ ᠪᠠᠢᠨ᠎ᠠ᠃ ᠬᠤᠷᠠᠯᠲᠠᠢ ᠶ᠋ᠢ ᠪᠣᠯᠳᠠᠭ ᠢ᠋ᠶ᠋ᠠᠷ ᠢ᠋ᠶ᠋ᠠᠨ ᠪᠣᠯ ᠭᠡᠵᠦ ᠠᠯᠭᠤᠷᠯᠠᠭᠠᠳ ᠰᠠᠭᠤᠬᠤ ᠠᠷᠭ᠎ᠠ ᠦᠭᠡᠢ᠃ ᠲᠡᠢᠮᠦ ᠡᠴᠡ ᠪᠢᠳᠡ ᠬᠤᠷᠠᠯᠳᠠᠢ ᠪᠣᠯᠭᠠᠬᠤ ᠦᠭᠡᠢ ᠶ᠋ᠢᠨ ᠲᠤᠯᠠᠳᠠ ᠬᠣᠪ ᠲᠠᠷᠬᠠᠭᠠᠬᠤ ᠨᠢᠭᠡ ᠠᠷᠭ᠎ᠠ ᠪᠠᠢᠨ᠎ᠠ ᠬᠡᠮᠡᠪᠡ᠃
ᠠᠭᠤᠷ ᠲᠠᠢ ᠭᠡᠨᠡᠨ ᠨᠠᠭᠤ ᠭᠡᠨᠡᠳᠲᠡ ᠮᠡᠷᠭᠡᠨ ᠰᠠᠨᠠᠭ᠎ᠠ ᠬᠡᠯᠡᠵᠦ ᠬᠥᠮᠦᠰ ᠤ᠋ᠨ ᠭᠠᠢᠬᠠᠰᠢ ᠶ᠋ᠢ ᠲᠥᠷᠥᠭᠦᠯᠵᠦ ᠪᠠᠢᠬᠤ ᠳ᠋ᠤ᠌ ᠡᠮᠡᠭᠡ ᠡᠬᠡ ᠶ᠋ᠢᠨ ᠬᠠᠮᠲᠤ ᠨᠣᠮ ᠤ᠋ᠨ ᠳᠠᠭᠤ ᠰᠣᠨᠣᠰᠴᠤ ᠥᠰᠦᠭᠰᠡᠨ ᠬᠤᠵᠠ ᠡᠰᠡᠷᠭᠦ ᠪᠡᠷ ᠢ᠋ᠶ᠋ᠡᠨ ᠬᠣᠪ ᠲᠠᠷᠬᠠᠭᠠᠬᠤ ᠲᠤᠬᠠᠢ ᠶᠠᠷᠢᠵᠤ ᠡᠬᠢᠯᠡᠬᠦ ᠳ᠋ᠦ᠍ ᠴᠤᠭᠯᠠᠭᠰᠠᠨ ᠨᠣᠶᠠᠳ ᠤ᠋ᠨ ᠳᠣᠲᠣᠷ᠎ᠠ ᠲᠡᠳᠡᠨ ᠦ᠌ ᠲᠤᠬᠠᠢ ᠪᠣᠳᠣᠬᠤ ᠪᠣᠳᠣᠯ ᠠᠯᠭᠤᠷ ᠢ᠋ᠶ᠋ᠠᠷ ᠥᠭᠡᠷᠡᠴᠢᠯᠡᠭᠳᠡᠨ ᠪᠠᠢᠬᠤ ᠱᠢᠭ᠋ ᠃ ᠤᠭᠤᠯ ᠬᠠᠢᠮᠢᠱ ᠬᠠᠲᠤᠨ᠄
ᠪᠢᠳᠡ ᠥᠨᠥ ᠨᠢᠭᠡᠳᠦᠨ ᠨᠢᠭᠡ ᠳᠡᠭᠡᠪᠦᠷ ᠳᠣᠣᠷ᠎ᠠ ᠴᠤᠭᠯᠠᠵᠤ ᠬᠡᠷᠬᠢᠬᠦ ᠲᠤᠬᠠᠢ ᠪᠠᠨ ᠶᠠᠷᠢᠵᠤ ᠪᠠᠢᠨ᠎ᠠ᠃ ᠠᠩᠬᠠᠨ ᠡᠴᠡ ᠪᠠᠨ ᠯᠠ ᠡᠢᠮᠦ ᠪᠠᠢᠬᠤ ᠪᠠᠢᠯ᠎ᠠ᠃ ᠭᠡᠪᠡᠴᠦ ᠨᠢᠭᠡᠨᠲᠡ ᠬᠢᠭᠰᠡᠨ ᠠᠯᠳᠠᠭ᠎ᠠ ᠶ᠋ᠢ ᠬᠡᠷᠬᠢᠨ ᠵᠠᠰᠠᠬᠤ ᠪᠢᠯᠡ᠃ ᠬᠠᠷᠢᠨ ᠢᠩᠭᠢᠵᠦ ᠨᠢᠭᠡᠳᠦᠭᠰᠡᠨ ᠳᠡᠭᠡᠷ᠎ᠡ ᠪᠡᠨ ᠶᠠᠷᠢᠬᠤ ᠵᠦᠢᠯ ᠪᠠᠢᠨ᠎ᠠ᠃ ᠪᠢᠳᠡ ᠨᠢᠭᠡᠳᠦᠨ ᠮᠥᠩᠬᠡ ᠶ᠋ᠢ ᠬᠠᠭᠠᠨ ᠡᠷᠭᠦᠮᠵᠢᠯᠡᠬᠦ ᠶᠣᠰᠣᠯᠠᠯ ᠢ᠋ ᠲᠠᠰᠤᠯᠤᠯ᠎ᠠ ᠭᠡᠵᠦ ᠪᠣᠳᠣᠶ᠎ᠠ᠃ ᠵᠣᠷᠢᠯᠭ᠎ᠠ ᠪᠠᠨ ᠭᠦᠢᠴᠡᠭᠡᠴᠢᠬᠡᠭᠡᠳ ᠠᠬᠢᠨ ᠪᠡᠶ᠎ᠡ ᠪᠡᠶ᠎ᠡ ᠡᠴᠡ ᠪᠤᠷᠤᠭᠤ ᠬᠠᠷᠠᠨ ᠰᠠᠭᠤᠬᠤ ᠤᠴᠢᠷ ᠦᠭᠡᠢ ᠲᠤᠯᠠ ᠬᠠᠭᠠᠨ ᠣᠷᠣ ᠵᠠᠯᠭᠠᠬᠤ ᠳᠠᠷᠠᠭ᠎ᠠ ᠶ᠋ᠢᠨ ᠬᠥᠮᠦᠨ ᠢ᠋ ᠵᠥᠪᠰᠢᠨ ᠬᠡᠯᠡᠯᠴᠡᠬᠦ ᠬᠡᠷᠡᠭᠲᠡᠢ ᠬᠡᠮᠡᠪᠡ᠃
ᠬᠥᠪᠡᠭᠦᠳ ᠤ᠋ᠨ ᠪᠠᠢᠷᠢ ᠪᠠᠢᠳᠠᠯ ᠢ᠋ ᠬᠠᠷᠠᠪᠠᠯ《ᠪᠢ ᠴᠦ᠍ ᠬᠠᠭᠠᠨ ᠰᠠᠭᠤᠬᠤ ᠭᠠᠪᠢᠶ᠎ᠠ ᠲᠠᠢ᠂ ᠪᠢ ᠴᠦ᠍ ᠬᠠᠭᠠᠨ ᠰᠠᠭᠤᠬᠤ ᠡᠷᠬᠡ ᠲᠡᠢ》ᠭᠡᠮᠡᠨ ᠳᠤᠷ᠎ᠠ ᠪᠠᠷ ᠠᠪᠤᠷᠢᠯᠠᠵᠤ ᠪᠠᠢᠭᠰᠠᠨ ᠬᠥᠪᠡᠭᠦᠳ ᠶᠠᠭᠤᠮ᠎ᠠ ᠬᠡᠯᠡᠭᠰᠡᠨ ᠦᠭᠡᠢ᠃ ᠤᠭᠤᠯ ᠬᠠᠢᠮᠢᠱ ᠬᠠᠲᠤᠨ ᠦᠷᠭᠦᠯᠵᠢᠯᠡᠭᠦᠯᠦᠨ᠂
ᠪᠢᠳᠡᠨ ᠦ᠌ ᠬᠤᠪᠢ ᠳ᠋ᠤ᠌ ᠪᠡᠷᠬᠡ ᠴᠠᠭ ᠢᠷᠡᠵᠡᠢ᠃ ᠵᠣᠷᠢᠯᠭ᠎ᠠ ᠮᠠᠨᠢ ᠪᠠᠶᠠᠯᠠᠪᠠᠯ ᠮᠥᠩᠬᠡ ᠦᠭᠡᠢ ᠪᠣᠯᠤᠨ᠎ᠠ᠃ ᠬᠠᠭᠠᠨ ᠰᠢᠷᠡᠭᠡ ᠭᠡᠳᠡᠭ ᠠᠮᠢ ᠦᠷᠡᠭᠰᠡᠨ ᠠᠵᠢᠯ᠂ ᠲᠠ ᠨᠠᠷ ᠲᠤ᠌ ᠬᠠᠭᠠᠨ ᠰᠠᠭᠤᠬᠤ ᠰᠠᠢᠬᠠᠨ ᠴᠠᠭ ᠢᠷᠡᠨ᠎ᠡ᠃ ᠬᠠᠷᠢᠨ ᠥᠨᠥ ᠥᠭᠡᠳᠡᠢ ᠬᠠᠭᠠᠨ ᠤ᠋ ᠨᠡᠷᠡᠯᠡᠭᠰᠡᠨ ᠰᠢᠷᠡᠮᠦᠨ ᠢ᠋ ᠬᠠᠭᠠᠨ ᠰᠠᠭᠤᠯᠭᠠᠪᠠᠯ ᠠᠯᠲᠠᠨ ᠤᠷᠤᠭ ᠤ᠋ᠨ ᠬᠢᠨ ᠦ᠌ ᠳᠤᠮᠳᠠ ᠭᠠᠷᠬᠤ ᠬᠡᠯᠡ ᠠᠮᠠ ᠲᠠᠰᠤᠷᠠᠨ᠎ᠠ᠃ ᠲᠠ ᠨᠠᠷ ᠡᠪᠦᠭᠡ ᠡᠴᠢᠭᠡ ᠨᠢᠭᠡᠲᠡᠢ ᠤᠴᠢᠷ ᠡᠷᠬᠡ ᠮᠠᠲᠠᠯ ᠴᠢᠨᠢ ᠬᠡᠪ ᠢ᠋ᠶ᠋ᠡᠷ ᠪᠠᠢᠵᠤ᠂ ᠳᠠᠷᠠᠭ᠎ᠠ ᠶ᠋ᠢᠨ ᠪᠣᠯᠤᠮᠵᠢ ᠭᠠᠷᠴᠤ ᠢᠷᠡᠨ᠎ᠡ᠃ ᠬᠡᠷᠪᠡ ᠮᠥᠩᠬᠡ ᠬᠠᠭᠠᠨ ᠰᠢᠷᠡᠭᠡᠨ ᠳ᠋ᠦ᠍ ᠰᠠᠭᠤᠬᠤ ᠠᠪᠠᠰᠤ ᠲᠡᠷᠡ ᠲᠤᠯᠤᠢ ᠶ᠋ᠢᠨ ᠬᠦᠦ ᠲᠤᠯᠠ ᠤᠷᠤᠭ ᠬᠣᠯᠠᠳᠴᠤ᠂ ᠶᠡᠬᠡ ᠬᠠᠭᠠᠨ ᠤ᠋ ᠭᠡᠷᠢᠶᠡᠰ ᠵᠥᠷᠢᠴᠡᠭᠳᠡᠵᠦ᠂ ᠲᠠ ᠨᠠᠷ ᠤ᠋ᠨ ᠡᠷᠬᠡ ᠮᠠᠲᠠᠯ ᠦᠭᠡᠢ ᠪᠣᠯᠵᠤ ᠳᠠᠷᠠᠭ᠎ᠠ ᠶ᠋ᠢᠨ ᠪᠣᠯᠤᠮᠵᠢ ᠬᠠᠭᠠᠭᠳᠠᠨ᠎ᠠ᠃ ᠲᠡᠢᠮᠦ ᠶ᠋ᠢᠨ ᠲᠤᠯᠠ ᠥᠨᠥᠬᠡᠨ ᠳ᠋ᠡᠭᠡᠨ ᠪᠢᠳᠡ ᠰᠢᠷᠡᠮᠦᠨ ᠢ᠋ ᠬᠠᠭᠠᠨ ᠰᠢᠷᠡᠭᠡᠨ ᠳ᠋ᠦ᠍ ᠵᠠᠯᠠᠵᠤ ᠥᠪᠡᠷᠰᠡᠳ ᠤ᠋ᠨ ᠡᠷᠬᠡ ᠮᠠᠲᠠᠯ ᠢ᠋ᠶ᠋ᠠᠨ ᠬᠠᠳᠠᠭᠠᠯᠠᠨ ᠦᠯᠡᠳᠡᠭᠡᠭᠡᠳ᠂ ᠳᠠᠷᠠᠭ᠎ᠠ ᠶ᠋ᠢᠨ ᠪᠣᠯᠤᠮᠵᠢ ᠶ᠋ᠢ ᠬᠦᠯᠢᠶᠡᠬᠦ ᠨᠢ ᠵᠥᠪ ᠰᠠᠨᠠᠭᠳᠠᠨ᠎ᠠ ᠬᠡᠮᠡᠪᠡ᠃ ᠬᠥᠪᠡᠭᠦᠳ ᠡᠬᠡ ᠶ᠋ᠢᠨ ᠢ᠋ᠶ᠋ᠡᠨ ᠦᠭᠡ ᠶ᠋ᠢ ᠠᠩᠬ᠎ᠠ ᠤᠳᠠᠭ᠎ᠠ ᠳᠠᠮᠵᠢᠨ ᠬᠦᠯᠢᠶᠡᠵᠦ ᠠᠪᠤᠯ᠎ᠠ᠃ ᠬᠢᠪᠴᠠᠺ ᠤ᠋ᠨ ᠲᠠᠯ᠎ᠠ ᠡᠴᠡ ᠢᠷᠡᠭᠰᠡᠨ ᠨᠣᠶᠠᠳ ᠲᠤᠬᠠᠯᠠᠵᠤ ᠠᠮᠵᠢᠭ᠎ᠠ ᠦᠭᠡᠢ ᠪᠠᠢᠬᠤ ᠳ᠋ᠤ᠌ ᠮᠣᠩᠭᠣᠯ ᠤ᠋ᠨ ᠲᠠᠯ᠎ᠠ ᠨᠤᠲᠤᠭ ᠢ᠋ᠶ᠋ᠠᠷ ᠬᠡᠨ ᠬᠠᠮᠢᠭ᠎ᠠ ᠡᠴᠡ ᠭᠠᠷᠭᠠᠭᠰᠠᠨ ᠨᠢ ᠮᠡᠳᠡᠭᠳᠡᠬᠦ ᠦᠭᠡᠢ ᠬᠣᠪ ᠶᠠᠷᠢᠶ᠎ᠠ ᠭᠠᠵᠠᠷ ᠠᠪᠴᠤ ᠠᠮᠵᠢᠯ᠎ᠠ᠃
ᠶᠠᠮᠠᠷ ᠬᠡᠴᠡᠭᠦᠦ ᠴᠠᠭ ᠢᠷᠡᠬᠦ ᠨᠢ ᠡᠨᠡ ᠪᠣᠢ? ᠰᠤᠷᠬᠠᠭᠳᠠᠨᠢ ᠬᠠᠲᠤᠨ ᠤ᠋ ᠶᠡᠬᠡ ᠬᠦᠦ ᠮᠥᠩᠬᠡ ᠬᠠᠭᠠᠨ ᠣᠷᠣ ᠰᠠᠭᠤᠭ᠎ᠠ ᠦᠭᠡᠢ ᠪᠠᠢᠲᠠᠯ᠎ᠠ ᠺᠢᠹᠴᠠᠺ ᠤ᠋ᠨ ᠲᠠᠯ᠎ᠠ ᠡᠴᠡ ᠢᠷᠡᠭᠰᠡᠨ ᠳᠠᠷᠤᠢ ᠳ᠋ᠤ᠌ ᠠᠯᠲᠠᠨ ᠤᠷᠤᠭ ᠤ᠋ᠨ ᠬᠢᠨ ᠢ᠋ ᠬᠢᠳᠤᠵᠤ ᠡᠬᠢᠯᠡᠵᠡᠢ᠃ ᠲᠡᠷᠡ ᠤᠯᠠᠮ ᠪᠦᠷ ᠳᠠᠪᠠᠷᠠᠵᠤ᠂ ᠴᠠᠭᠠᠲᠠᠢ ᠶ᠋ᠢᠨ ᠪᠡᠷᠢ ᠪᠦᠰᠡᠭᠦᠢ ᠶ᠋ᠢ ᠵᠠᠪᠬᠠᠢᠷᠠᠭᠰᠠᠨ ᠬᠡᠷᠡᠭ ᠢ᠋ᠶ᠋ᠡᠷ ᠣᠯᠠᠨ ᠤ᠋ ᠡᠮᠦᠨ᠎ᠡ ᠰᠢᠭᠦᠵᠦ ᠲᠣᠯᠣᠭᠠᠢ ᠶ᠋ᠢ ᠨᠢ ᠠᠪᠴᠠᠢ ᠭᠡᠨ᠎ᠡ ᠭᠡᠰᠡᠨ ᠠᠶᠤᠮᠰᠢᠭᠲᠤ ᠮᠡᠳᠡᠭᠡ ᠲᠠᠷᠬᠠᠯ᠎ᠠ᠃
— ᠮᠥᠩᠬᠡ ᠬᠠᠭᠠᠨ ᠰᠡᠨᠳᠡᠢ ᠳ᠋ᠦ᠍ ᠰᠠᠭᠤᠭ᠎ᠠ ᠦᠭᠡᠢ ᠬᠢᠷᠢᠨ᠎ᠡ ᠥᠷᠭᠡᠨ ᠣᠯᠠᠨ ᠢ᠋ ᠠᠶᠤᠯᠭᠠᠨ ᠮᠡᠭᠳᠡᠭᠦᠯᠵᠦ ᠂ ᠬᠠᠲᠤᠨ ᠡᠬᠡ ᠶ᠋ᠢᠨ ᠢ᠋ᠶ᠋ᠡᠨ ᠬᠠᠮᠲᠤ ᠵᠠᠷᠯᠢᠭ ᠰᠢᠢᠳᠪᠦᠷᠢ ᠶ᠋ᠢ ᠳᠤᠷ᠎ᠠ ᠪᠠᠷ ᠥᠭᠡᠷᠡᠴᠢᠯᠡᠵᠦ᠂ ᠰᠠᠢᠳ ᠲᠦᠰᠢᠮᠡᠳ ᠢ᠋ ᠰᠢᠯᠭᠠᠬᠤ ᠪᠣᠯᠤᠯ᠎ᠠ᠃
— ᠲᠥᠷᠥ ᠶ᠋ᠢᠨ ᠨᠡᠷ᠎ᠡ ᠶ᠋ᠢ ᠪᠠᠷᠢᠭᠰᠠᠨ ᠵᠠᠨᠳᠠᠯᠴᠢᠳ ᠭᠡᠮ ᠦᠭᠡᠢ ᠠᠷᠠᠳ ᠤ᠋ᠨ ᠭᠡᠷ ᠲᠦ᠍ ᠬᠦᠷᠲᠡᠯ᠎ᠡ ᠨᠡᠩᠵᠢᠯᠭᠡ ᠬᠢᠵᠦ᠂ ᠥᠬᠢᠨ ᠦᠷᠡᠰ ᠢ᠋ ᠨᠢ ᠬᠦᠴᠦ ᠪᠡᠷ ᠠᠪᠴᠤ ᠶᠠᠪᠤᠵᠤ᠂ ᠮᠠᠯ ᠬᠤᠢ ᠶ᠋ᠢ ᠨᠢ ᠲᠤᠨᠤᠨ ᠳᠡᠭᠡᠷᠡᠮᠳᠡᠵᠦ ᠪᠠᠢᠨ᠎ᠠ᠃ ᠲᠠᠲᠠᠪᠤᠷᠢ ᠶ᠋ᠢᠨ ᠪᠣᠳᠣᠯᠭ᠎ᠠ ᠬᠢᠷᠢ ᠡᠴᠡ ᠬᠡᠲᠦᠷᠡᠵᠦ᠂ ᠲᠥᠷᠥ ᠶ᠋ᠢᠨ ᠬᠠᠤᠯᠢ ᠳᠦᠷᠢᠮ ᠤᠯᠠᠮ ᠣᠯᠠᠨ ᠳ᠋ᠤ᠌ ᠭᠢᠰᠬᠢᠭᠳᠡᠵᠦ᠂ ᠡᠨᠡ ᠤᠯᠤᠰ ᠤ᠋ᠨ ᠡᠵᠡᠨ ᠴᠣᠬᠣᠮ ᠬᠡᠨ ᠪᠣᠯᠬᠤ ᠶ᠋ᠢ ᠮᠡᠳᠡᠬᠦ ᠪᠡᠨ ᠪᠣᠯᠢᠯ᠎ᠠ ᠭᠡᠬᠦ ᠦᠨᠡᠨ ᠬᠤᠳᠠᠯ ᠨᠢ ᠮᠡᠳᠡᠭᠳᠡᠬᠦ ᠦᠭᠡᠢ ᠬᠣᠪ ᠶᠠᠷᠢᠶ᠎ᠠ ᠰᠤᠷᠬᠠᠭᠳᠠᠨᠢ ᠬᠠᠲᠤᠨ ᠢ᠋ ᠬᠠᠷᠠᠬᠣᠷᠣᠮ ᠳ᠋ᠤ᠌ ᠢᠷᠡᠭᠰᠡᠨ ᠬᠦᠦ ᠲᠡᠢ ᠪᠡᠨ ᠠᠭᠤᠯᠵᠠᠨ᠂ ᠣᠯᠢᠭᠲᠠᠢ ᠦᠭᠡ ᠰᠣᠯᠢᠯᠴᠠᠵᠤ ᠠᠮᠵᠢᠭ᠎ᠠ ᠦᠭᠡᠢ ᠪᠠᠢᠬᠤ ᠳ᠋ᠤ᠌ ᠲᠠᠯ᠎ᠠ ᠨᠤᠲᠤᠭ ᠢ᠋ᠶ᠋ᠠᠷ ᠨᠢᠭᠡ ᠲᠠᠷᠬᠠᠭᠰᠠᠨ ᠪᠠᠢᠪᠠ᠃
ᠡᠵᠡᠨ ᠦᠭᠡᠢ ᠤᠯᠤᠰ ᠲᠤ᠌ ᠪᠣᠯᠵᠤ ᠪᠣᠢ ᠪᠦᠬᠦᠢ ᠯᠡ ᠪᠤᠵᠠᠷ ᠪᠣᠯᠠᠢ᠂ ᠮᠠᠭᠤ ᠮᠠᠭᠤᠬᠠᠢ ᠪᠦᠬᠦᠨ ᠢ᠋ ᠮᠥᠩᠬᠡ᠂ ᠥᠪᠡᠷ ᠤ᠋ᠨ ᠡᠬᠡ ᠰᠤᠷᠬᠠᠭᠳᠠᠨᠢ ᠬᠠᠲᠤᠨ ᠤ᠋ ᠬᠠᠮᠲᠤ ᠪᠠᠷ ᠬᠢᠵᠦ ᠪᠠᠢᠭ᠎ᠠ ᠲᠤᠬᠠᠢ ᠡᠨᠡ ᠴᠤᠤ ᠶᠠᠷᠢᠶ᠎ᠠ ᠤᠯᠠᠮ ᠪᠦᠷ ᠭᠠᠵᠠᠷ ᠠᠪᠤᠭᠰᠠᠭᠠᠷ᠃ ᠡᠨᠡ ᠨᠠᠰᠤᠨ ᠳ᠋ᠠᠭᠠᠨ ᠪᠤᠶᠠᠨ ᠤ᠋ ᠵᠠᠮ ᠮᠥᠷ ᠢ᠋ᠶ᠋ᠡᠷ ᠵᠠᠮᠨᠠᠵᠤ᠂ ᠥᠪᠡᠷ ᠤ᠋ᠨ ᠰᠠᠢᠨ ᠰᠠᠢᠬᠠᠨ ᠤ᠋ ᠲᠥᠯᠥᠭᠡ ᠪᠢᠰᠢ᠂ ᠥᠷᠥᠭᠡᠯ ᠤ᠋ᠨ ᠰᠠᠢᠨ ᠰᠠᠢᠬᠠᠨ ᠤ᠋ ᠲᠥᠯᠥᠭᠡ ᠠᠮᠢᠳᠤᠷᠠᠵᠤ ᠢᠷᠡᠭᠰᠡᠨ ᠰᠤᠷᠬᠠᠭᠳᠠᠨᠢ ᠬᠠᠲᠤᠨ ᠤ᠋ ᠬᠦᠦ ᠨᠢ ᠬᠠᠭᠠᠨ ᠰᠡᠨᠳᠡᠢ ᠳ᠋ᠦ᠍ ᠵᠠᠯᠠᠷᠠᠬᠤ ᠪᠣᠯᠤᠭᠰᠠᠨ ᠮᠡᠳᠡᠭᠡ ᠰᠣᠨᠣᠰᠤᠭᠳᠠᠭᠰᠠᠨ ᠳᠠᠷᠤᠢ ᠬᠣᠷᠣᠨ ᠬᠡᠯᠡ ᠣᠷᠢᠶᠠᠵᠤ ᠡᠬᠢᠯᠡᠪᠡ᠃ ᠡᠨᠡ ᠦᠢᠮᠡᠭᠡᠨ ᠦ᠌ ᠳᠤᠮᠳᠠᠭᠤᠷ ᠬᠠᠭᠠᠨ ᠡᠷᠭᠦᠮᠵᠢᠯᠡᠬᠦ ᠶᠣᠰᠣᠯᠠᠯ ᠢ᠋ ᠵᠠᠷᠯᠠᠨ ᠶᠡᠬᠡ ᠬᠤᠷᠠᠯᠳᠠᠢ ᠶ᠋ᠢᠨ ᠵᠠᠷ ᠢ᠋ ᠲᠦᠭᠡᠭᠡᠬᠦ ᠶ᠋ᠢ ᠬᠦᠰᠡᠭᠰᠡᠨ ᠴᠦ᠍ ᠠᠯᠲᠠᠨ ᠤᠷᠤᠭ ᠤ᠋ᠨ ᠬᠢᠨ ᠨᠢᠭᠡᠨ ᠳᠠᠭᠤ ᠪᠠᠷ ᠳᠡᠮᠵᠢᠬᠦ ᠡᠰᠡᠬᠦ ᠨᠢ ᠡᠷᠡᠭᠡᠯᠵᠡᠭᠡ ᠲᠡᠢ ᠬᠡᠪ ᠢ᠋ᠶ᠋ᠡᠷ᠃
ᠮᠥᠩᠬᠡ ᠶ᠋ᠢᠨ ᠦᠷᠭᠦᠭᠡᠨ ᠳ᠋ᠦ᠍ ᠰᠤᠷᠬᠠᠭᠳᠠᠨᠢ ᠬᠠᠲᠤᠨ ᠤ᠋ ᠬᠥᠪᠡᠭᠦᠳ᠂ ᠪᠡᠷᠬᠡ ᠵᠠᠩᠵᠤᠨ ᠤ᠋ ᠬᠠᠮᠲᠤ ᠪᠠᠢᠯ᠎ᠠ᠃ ᠪᠡᠷᠬᠡ ᠵᠠᠩᠵᠤᠨ᠄
— ᠡᠰᠡᠷᠭᠦᠴᠡᠨ ᠪᠣᠰᠤᠭᠰᠠᠨ ᠬᠥᠮᠦᠰ ᠢ᠋ ᠴᠡᠷᠢᠭ ᠤ᠋ᠨ ᠬᠦᠴᠦ ᠪᠡᠷ ᠳᠠᠷᠤᠵᠤ ᠪᠣᠯᠳᠠᠭ ᠴᠤ᠌ ᠡᠬᠢ ᠠᠳᠠᠭ ᠢ᠋ᠶ᠋ᠠᠨ ᠠᠯᠳᠠᠭᠰᠠᠨ ᠬᠣᠪ ᠶᠠᠷᠢᠶ᠎ᠠ ᠶ᠋ᠢ ᠬᠦᠴᠦ ᠪᠡᠷ ᠳᠠᠷᠤᠬᠤ ᠠᠮᠠᠷ ᠦᠭᠡᠢ ᠪᠣᠯᠤᠯᠲᠠᠢ᠃ ᠠᠯᠲᠠᠨ ᠤᠷᠤᠭ ᠤ᠋ᠨ ᠬᠢᠨ ᠦ᠌ ᠰᠡᠳᠬᠢᠯ ᠢ᠋ ᠡᠷᠭᠢᠭᠦᠯᠬᠦ ᠠᠷᠭ᠎ᠠ ᠤᠬᠠᠭᠠᠨ ᠪᠢᠳᠡᠨ ᠳ᠋ᠦ᠍ ᠬᠡᠷᠡᠭ ᠲᠡᠢ ᠪᠠᠢᠨ᠎ᠠ ᠬᠡᠮᠡᠪᠡ᠃ ᠰᠤᠷᠬᠠᠭᠳᠠᠨᠢ ᠬᠠᠲᠤᠨ᠄
—ᠵᠦᠭᠡᠷ ᠶᠠᠪᠤᠭ᠎ᠠ ᠬᠥᠮᠦᠨ ᠢ᠋ ᠴᠦ᠍ ᠵᠡᠭᠦᠦ ᠪᠡᠷ ᠬᠠᠳᠬᠤᠵᠤ ᠠᠭᠤᠷᠯᠠᠭᠤᠯᠵᠤ ᠪᠣᠯᠳᠠᠭ᠃ ᠪᠢᠳᠡ ᠤᠷᠢᠳᠤ ᠶ᠋ᠢᠨ ᠠᠳᠠᠯᠢ ᠨᠠᠮ ᠭᠦᠮ ᠶᠠᠪᠤᠭᠰᠠᠨ ᠪᠣᠯ ᠢᠩᠭᠢᠵᠦ ᠬᠣᠷᠣᠨ ᠬᠡᠯᠡᠨ ᠳ᠋ᠦ᠍ ᠬᠠᠳᠬᠤᠭᠤᠯᠵᠤ ᠰᠠᠭᠤᠬᠤ ᠦᠭᠡᠢ ᠪᠠᠢᠭᠰᠠᠨ᠃ ᠪᠢᠳᠡ ᠳᠤᠤᠭᠠᠷᠤᠭᠰᠠᠨ ᠤᠴᠢᠷ ᠢᠩᠭᠢᠵᠦ ᠪᠠᠢᠭ᠎ᠠ ᠬᠡᠷᠡᠭ᠃ ᠨᠢᠭᠡᠨᠲᠡ ᠳᠤᠤᠭᠠᠷᠤᠭᠰᠠᠨ ᠪᠣᠯ ᠳᠠᠷᠠᠭ᠎ᠠ ᠨᠢ ᠢᠷᠡᠬᠦ ᠬᠣᠷᠣᠨ ᠬᠡᠯᠡ ᠶ᠋ᠢ ᠲᠣᠭᠠᠴᠢᠨ ᠬᠥᠳᠡᠯᠬᠦ ᠶᠣᠰᠣᠲᠠᠢ᠃ ᠪᠢ ᠡᠭᠦᠨ ᠢ᠋ ᠴᠦ᠍ ᠮᠥᠨ ᠪᠣᠳᠣᠯᠴᠠᠭᠰᠠᠨ ᠪᠢᠯᠡ ᠭᠡᠪᠡ᠃
ᠬᠥᠪᠡᠭᠦᠳ ᠡᠬᠡ ᠶ᠋ᠢᠨ ᠢ᠋ᠶ᠋ᠡᠨ ᠬᠡᠯᠡᠭᠰᠡᠨ ᠦᠭᠡ ᠶ᠋ᠢ ᠰᠣᠨᠣᠰᠤᠭᠠᠳ᠂ ᠡᠵᠢ ᠨᠢ ᠬᠦᠦ ᠮᠥᠩᠬᠡ ᠶ᠋ᠢ ᠬᠠᠭᠠᠨ ᠰᠠᠭᠤᠯᠭᠠᠬᠤ ᠰᠢᠢᠳᠪᠦᠷᠢ ᠭᠠᠷᠭᠠᠨ ᠪᠠᠲᠤ ᠶ᠋ᠢᠨ ᠲᠤᠰᠠᠯᠠᠮᠵᠢ ᠶ᠋ᠢ ᠬᠦᠰᠡᠵᠦ ᠪᠠᠢᠬᠤ ᠳ᠋ᠠᠭᠠᠨ ᠪᠦᠭᠦᠳᠡ ᠶ᠋ᠢ ᠤᠷᠢᠳᠴᠢᠯᠠᠨ ᠪᠣᠳᠣᠭᠰᠠᠨ ᠪᠠᠢᠵᠠᠢ ᠭᠡᠳᠡᠭ ᠢ᠋ ᠮᠡᠳᠡᠪᠡ᠃ ᠭᠡᠪᠡᠴᠦ ᠬᠦᠴᠦ ᠪᠡᠷ ᠳᠠᠷᠤᠵᠤ ᠪᠣᠯᠬᠤ ᠦᠭᠡᠢ ᠬᠣᠪ ᠵᠢᠪ ᠢ᠋ ᠶᠠᠭᠤ ᠪᠠᠷ ᠳᠠᠷᠤᠬᠤ ᠭᠡᠵᠦ ᠲᠣᠭᠠᠴᠢᠭᠰᠠᠨ ᠢ᠋ ᠤᠬᠠᠵᠤ ᠦᠯᠦ ᠮᠡᠳᠡᠨ᠎ᠡ᠃ ᠰᠤᠷᠬᠠᠭᠳᠠᠨᠢ ᠬᠠᠲᠤᠨ᠄
— ᠬᠦᠴᠦ ᠶ᠋ᠢ ᠬᠦᠴᠦ ᠪᠡᠷ ᠳᠠᠷᠤᠳᠠᠭ᠂ ᠴᠤᠤ ᠶ᠋ᠢ ᠴᠤᠤ ᠪᠠᠷ ᠳᠠᠷᠤᠳᠠᠭ᠂ ᠰᠡᠳᠬᠢᠯ ᠢ᠋ ᠮᠥᠩᠭᠥ ᠪᠡᠷ ᠲᠠᠲᠠᠵᠤ ᠪᠣᠯᠳᠠᠭ᠃ ᠪᠢᠳᠡᠨ ᠲᠡᠳᠡᠨ ᠦ᠌ ᠠᠢᠳᠠᠰ ᠢ᠋ ᠨᠡᠮᠡᠵᠦ᠂ ᠥᠪᠡᠷ ᠤ᠋ᠨ ᠰᠦᠷ ᠬᠦᠴᠦ ᠶ᠋ᠢ ᠬᠠᠷᠠᠭᠤᠯᠬᠤ ᠶ᠋ᠢᠨ ᠲᠤᠯᠠᠳᠠ ᠢᠯᠡᠭᠦᠦ ᠬᠦᠴᠦ ᠬᠡᠷᠡᠭᠲᠡᠢ᠃ ᠲᠡᠳᠡᠨ ᠦ᠌ ᠲᠠᠷᠬᠠᠭᠠᠭᠰᠠᠨ ᠴᠤᠤ ᠶᠠᠷᠢᠶ᠎ᠠ ᠶ᠋ᠢ ᠳᠠᠷᠤᠬᠤ ᠢᠯᠡᠭᠦᠦ ᠬᠦᠴᠦᠲᠡᠢ ᠴᠤᠤ ᠶᠠᠷᠢᠶ᠎ᠠ ᠬᠡᠷᠡᠭᠲᠡᠢ᠃ ᠪᠢᠳᠡ ᠮᠥᠨ ᠴᠤᠤ ᠶᠠᠷᠢᠶ᠎ᠠ ᠲᠠᠷᠬᠠᠭᠠᠨ᠎ᠠ᠃ ᠶᠠᠭᠤᠨ ᠲᠦᠷᠦᠭᠦᠨ ᠳ᠋ᠦ᠍ ᠪᠢᠳᠡ ᠲᠡᠳᠡᠨ ᠦ᠌ ᠠᠢᠳᠠᠰ ᠢ᠋ ᠨᠡᠮᠡᠵᠦ ᠪᠡᠷᠬᠡ ᠶ᠋ᠢᠨ ᠳᠠᠭᠠᠭᠤᠯᠵᠤ ᠢᠷᠡᠭᠰᠡᠨ ᠭᠤᠷᠪᠠᠨ ᠲᠦᠮᠡᠨ ᠴᠡᠷᠢᠭ ᠤ᠋ᠨ ᠠᠷᠤ ᠡᠴᠡ ᠠᠬᠢᠨ ᠭᠤᠷᠪᠠᠨ ᠲᠦᠮᠡᠨ ᠴᠡᠷᠢᠭ ᠤ᠋ᠨ ᠬᠠᠮᠲᠤ ᠪᠠᠲᠤ ᠬᠠᠭᠠᠨ ᠬᠦᠷᠴᠦ ᠢᠷᠡᠬᠦ ᠪᠡᠷ ᠬᠣᠯᠠ ᠦᠭᠡᠢ ᠬᠦᠯᠢᠶᠡᠵᠦ ᠪᠠᠢᠭ᠎ᠠ ᠲᠤᠬᠠᠢ ᠶᠠᠷᠢᠶ᠎ᠠ ᠳᠡᠭᠳᠡᠭᠡᠨᠡ᠃ ᠳᠠᠷᠠᠭ᠎ᠠ ᠨᠢ ᠮᠥᠩᠬᠡ ᠶ᠋ᠢ ᠳᠠᠮᠵᠢᠨ ᠬᠤᠷᠠᠯᠲᠠᠢ ᠳ᠋ᠤ᠌ ᠢᠷᠡᠭᠰᠡᠨ ᠶᠡᠬᠡᠰ ᠳᠡᠭᠡᠳᠦᠰ ᠤ᠋ᠨ ᠡᠷᠬᠡ ᠮᠠᠲᠠᠯ ᠢ᠋ ᠬᠡᠪ ᠢ᠋ᠶ᠋ᠡᠷ ᠦᠯᠡᠳᠡᠭᠡᠵᠦ᠂ ᠱᠠᠩ ᠬᠠᠷᠠᠮᠵᠢ ᠣᠯᠭᠣᠨ᠎ᠠ ᠭᠡᠳᠡᠭ ᠢ᠋ ᠵᠠᠷᠯᠠᠨ᠎ᠠ᠃ ᠬᠠᠷᠢᠨ ᠰᠡᠳᠬᠢᠯ ᠢ᠋ ᠲᠠᠲᠠᠬᠤ ᠮᠥᠩᠭᠥ ᠬᠣᠮᠰᠠ ᠲᠤᠯᠠ ᠪᠢ ᠪᠠᠲᠤ ᠬᠠᠭᠠᠨ ᠳ᠋ᠤ᠌ ᠤᠷᠢᠳᠴᠢᠯᠠᠨ ᠲᠠᠭᠠᠮᠠᠭᠯᠠᠭᠰᠠᠨ ᠶᠣᠰᠣᠭᠠᠷ ᠮᠢᠩᠭᠠᠨ ᠥᠯᠥᠭᠡᠢ ᠮᠥᠩᠭᠥ ᠶᠠᠪᠤᠭᠤᠯᠬᠤ ᠶ᠋ᠢ ᠬᠦᠰᠡᠭᠰᠡᠨ ᠳ᠋ᠦ᠍ ᠲᠡᠷᠡ ᠨᠠᠳᠠᠳᠤ ᠢᠯᠡᠭᠡᠵᠡᠢ᠃ ᠡᠨᠡ ᠮᠥᠩᠭᠥ ᠪᠡᠷ ᠲᠡᠳᠡᠨ ᠦ᠌ ᠰᠡᠳᠬᠢᠯ ᠢ᠋ ᠲᠠᠲᠠᠬᠤ ᠪᠣᠯᠤᠨ᠎ᠠ ᠭᠡᠪᠡ᠃
ᠨᠣᠶᠠᠳ ᠤ᠋ᠨ ᠬᠤᠷᠠᠯ ᠡᠴᠡ ᠭᠠᠷᠤᠭᠰᠠᠨ ᠰᠢᠢᠳᠪᠦᠷᠢ ᠶ᠋ᠢ ᠠᠯᠲᠠᠨ ᠤᠷᠤᠭ ᠤ᠋ᠨ ᠬᠢᠨ ᠳ᠋ᠦ᠍ ᠬᠦᠯᠢᠶᠡᠨ ᠵᠥᠪᠰᠢᠶᠡᠷᠡᠭᠦᠯᠦᠨ ᠶᠡᠬᠡ ᠬᠤᠷᠠᠯᠳᠠᠢ ᠶ᠋ᠢ ᠴᠢᠭᠤᠯᠤᠭᠤᠯᠵᠤ ᠡᠵᠡᠨ ᠬᠠᠭᠠᠨ ᠡᠷᠭᠦᠮᠵᠢᠯᠡᠬᠦ ᠶᠡᠬᠡ ᠶᠣᠰᠣ ᠶ᠋ᠢ ᠦᠢᠯᠡᠳᠦᠨ᠎ᠡ ᠭᠡᠳᠡᠭ ᠲᠤᠯᠤᠢ ᠶ᠋ᠢᠨ ᠬᠢᠨ ᠦ᠌ ᠬᠤᠪᠢ ᠳ᠋ᠤ᠌ ᠠᠮᠠᠷ ᠦᠭᠡᠢ ᠠᠵᠢᠯ ᠪᠠᠢᠪᠠᠴᠤ ᠰᠤᠷᠬᠠᠭᠳᠠᠨᠢ ᠬᠠᠲᠤᠨ ᠤ᠋ ᠬᠡᠯᠡᠭᠰᠡᠨ ᠶᠣᠰᠣᠭᠠᠷ ᠴᠤᠤ ᠲᠠᠷᠬᠠᠭᠠᠯ᠎ᠠ᠃ ᠠᠮᠠᠨ ᠡᠴᠡ ᠠᠮᠠ ᠳᠠᠮᠵᠢᠬᠤ ᠴᠤᠤ ᠶᠠᠷᠢᠶ᠎ᠠ ᠥᠷᠲᠡᠭᠡ ᠤᠯᠠᠭᠠᠨ ᠡᠴᠡ ᠬᠤᠷᠳᠤ ᠲᠠᠢ ᠪᠠᠷ ᠥᠷᠭᠡᠨ ᠣᠯᠠᠨ ᠳ᠋ᠤ᠌ ᠬᠦᠷᠴᠦ ᠠᠮᠵᠢᠪᠠ᠃ ᠬᠠᠷᠢᠨ ᠠᠯᠲᠠᠨ ᠤᠷᠤᠭ ᠤ᠋ᠨ ᠬᠢᠨ ᠦ᠌ ᠰᠡᠳᠬᠢᠯ ᠢ᠋ ᠲᠠᠲᠠᠬᠤ ᠠᠮᠠᠷ ᠦᠭᠡᠢ ᠪᠠᠢᠪᠠ᠃ ᠰᠤᠷᠬᠠᠭᠳᠠᠨᠢ ᠬᠠᠲᠤᠨ ᠪᠠᠲᠤ ᠶ᠋ᠢᠨ ᠶᠠᠪᠤᠭᠤᠯᠤᠭᠰᠠᠨ ᠮᠥᠩᠭᠥ ᠶ᠋ᠢ ᠣᠯᠠᠨ ᠳ᠋ᠤ᠌ ᠲᠠᠷᠬᠠᠭᠠᠨ ᠰᠡᠳᠬᠢᠯ ᠢ᠋ ᠨᠢ ᠲᠠᠲᠠᠬᠤ ᠠᠵᠢᠯ ᠢ᠋ᠶ᠋ᠠᠨ ᠭᠠᠷᠳᠠᠨ ᠶᠠᠪᠤᠭᠤᠯᠪᠠ᠃ ᠨᠢᠭᠡᠨ ᠬᠠᠲᠤᠨ ᠤ᠋ ᠦᠷᠭᠦᠭᠡᠨ ᠳ᠋ᠦ᠍᠂
— ᠬᠠᠲᠤᠨ ᠡᠬᠡ ᠶ᠋ᠢᠨ ᠬᠡᠰᠢᠭ ᠲᠦ᠍ ᠮᠥᠷᠭᠥᠶ᠎ᠡ᠃ ᠡᠨᠡ ᠶᠡᠬᠡ ᠡᠳ᠋ ᠪᠠᠶᠠᠯᠢᠭ ᠢ᠋ ᠲᠠᠨ ᠡᠴᠡ ᠬᠦᠷᠲᠡᠬᠦ ᠬᠤᠪᠢ ᠨᠠᠳᠠ ᠳ᠋ᠤ᠌ ᠪᠣᠢ ᠰᠠᠨ ᠪᠢᠯᠡ ᠤᠤ ᠭᠡᠮᠡᠨ ᠰᠡᠳᠬᠢᠯ ᠴᠢᠯᠡᠭᠡᠨ ᠡᠪᠡᠳᠴᠦ ᠪᠠᠢᠭ᠎ᠠ ᠪᠠᠨ ᠨᠢᠭᠤᠬᠤ ᠶᠠᠭᠤᠨ ᠭᠡᠵᠦ ᠬᠡᠯᠡᠵᠦ ᠪᠠᠢᠭ᠎ᠠ ᠬᠥᠮᠦᠨ ᠪᠣᠯ ᠴᠠᠭᠠᠲᠠᠢ ᠶ᠋ᠢᠨ ᠪᠠᠭ᠎ᠠ ᠬᠠᠲᠤᠨ ᠠᠮᠤᠳᠠᠢ ᠪᠠᠢᠪᠠ᠃ ᠰᠤᠷᠬᠠᠭᠳᠠᠨᠢ ᠬᠠᠲᠤᠨ᠄
— ᠪᠡᠯᠡᠭ ᠰᠡᠯᠲᠡ ᠭᠡᠳᠡᠭ ᠰᠡᠳᠬᠢᠯ ᠤ᠋ᠨ ᠢᠯᠡᠷᠡᠯ ᠪᠠᠢᠳᠠᠭ ᠲᠤᠯᠠ ᠠᠪᠲᠤᠭᠠᠢ᠃ ᠬᠠᠷᠢᠨ ᠠᠮᠤᠳᠠᠢ ᠴᠢᠨᠦ ᠥᠰᠬᠡᠭᠰᠡᠨ ᠬᠡᠦᠬᠡᠳ ᠤᠳ ᠡᠬᠡ ᠶ᠋ᠢᠨ ᠦᠭᠡ ᠶ᠋ᠢ ᠠᠪᠴᠤ᠂ ᠨᠢᠭᠡᠨ ᠰᠤᠷᠭᠠᠯ ᠢ᠋ᠶ᠋ᠠᠷ ᠬᠥᠮᠦᠵᠢᠭᠰᠡᠨ ᠨᠢ ᠢᠯᠡᠳᠲᠡ ᠬᠠᠷᠠᠭᠳᠠᠳᠠᠭ᠃ ᠪᠢ ᠴᠢᠮᠠᠶ᠋ᠢ ᠤᠬᠠᠭᠠᠨᠲᠤ ᠬᠠᠲᠤᠨ ᠭᠡᠵᠦ ᠬᠦᠨᠳᠦᠳᠬᠡᠨ ᠪᠣᠳᠣᠳᠠᠭ ᠲᠤᠯᠠ ᠡᠨᠡ ᠪᠡᠯᠡᠭ ᠰᠡᠯᠲᠡ ᠪᠡᠷ ᠳᠠᠮᠵᠢᠭᠤᠯᠤᠨ ᠥᠪᠡᠷ ᠤ᠋ᠨ ᠰᠡᠳᠬᠢᠯ ᠢ᠋ ᠢᠯᠡᠷᠬᠡᠢᠯᠡᠵᠦ ᠪᠣᠢ ᠬᠡᠷᠡᠭ ᠬᠡᠮᠡᠬᠦ ᠳ᠋ᠦ᠍᠂
— ᠠᠯᠲᠠᠨ ᠤᠷᠤᠭ ᠤ᠋ᠨ ᠬᠦᠨᠳᠦᠲᠡᠢ ᠬᠠᠲᠤᠨ ᠲᠠ ᠥᠭᠴᠦ ᠪᠣᠢ ᠬᠡᠷᠡᠭ ᠲᠤᠯᠠ ᠪᠢ ᠬᠡᠷᠬᠢᠨ ᠠᠪᠬᠤ ᠦᠭᠡᠢ ᠭᠡᠵᠦ ᠵᠢᠷᠦᠬᠡᠯᠡᠬᠦ ᠪᠢᠯᠡ᠃ ᠬᠠᠲᠤᠨ ᠤ᠋ ᠬᠡᠰᠢᠭ ᠲᠦ᠍ ᠲᠠᠯᠠᠷᠬᠠᠶ᠎ᠠ ᠭᠡᠪᠡ᠃ ᠰᠤᠷᠬᠠᠭᠳᠠᠨᠢ ᠬᠠᠲᠤᠨ᠄
— ᠨᠢᠭᠡᠨᠲᠡ ᠲᠥᠷᠥ ᠤᠯᠤᠰ ᠰᠠᠮᠠᠭᠤᠷᠠᠵᠤ᠂ ᠲᠦᠮᠡᠨ ᠣᠯᠠᠨ ᠦᠢᠮᠡᠨ ᠰᠠᠨᠳᠤᠷᠴᠤ ᠪᠠᠢᠭ᠎ᠠ ᠬᠦᠨᠳᠦ ᠦᠶ᠎ᠡ ᠮᠣᠩᠭᠣᠯ ᠤ᠋ᠨ ᠲᠥᠷᠥ ᠳ᠋ᠦ᠍ ᠲᠣᠬᠢᠶᠠᠵᠤ ᠪᠠᠢᠨ᠎ᠠ᠃ ᠴᠢ ᠠᠯᠤᠰ ᠤ᠋ᠨ ᠬᠠᠷᠠᠭ᠎ᠠ ᠲᠠᠢ ᠲᠤᠯᠠ ᠥᠪᠡᠷ ᠤ᠋ᠨ ᠬᠡᠦᠬᠡᠳ ᠤᠳ ᠢ᠋ ᠶᠠᠭᠠᠷᠠᠨ ᠬᠥᠳᠡᠯᠭᠡᠬᠦ ᠦᠭᠡᠢ ᠬᠠᠷᠠᠵᠤ ᠪᠠᠢᠭ᠎ᠠ ᠶ᠋ᠢ ᠪᠢ ᠮᠡᠳᠡᠨ᠎ᠡ᠃
— ᠬᠠᠲᠤᠨ ᠡᠬᠡ ᠮᠢᠨᠢ ᠲᠥᠷᠥ ᠰᠠᠮᠠᠭᠤᠷᠠᠵᠤ᠂ ᠲᠦᠮᠡᠨ ᠣᠯᠠᠨ ᠦᠢᠮᠡᠨ ᠪᠠᠢᠬᠤ ᠳ᠋ᠤ᠌ ᠥᠪᠡᠷ ᠤ᠋ᠨ ᠪᠣᠳᠣᠯ ᠤᠬᠠᠭᠠᠨ ᠢ᠋ᠶ᠋ᠠᠨ ᠴᠤ᠌ ᠵᠠᠯᠠᠵᠤ ᠰᠤᠷᠤᠭ᠎ᠠ ᠦᠭᠡᠢ ᠮᠢᠨᠦ ᠬᠡᠦᠬᠡᠳ ᠤᠳ ᠬᠡᠷᠬᠢᠨ ᠠᠯᠢ ᠨᠢᠭᠡ ᠲᠠᠯ᠎ᠠ ᠳ᠋ᠤᠨᠢ ᠣᠷᠣᠬᠤ ᠣᠷᠣᠨ ᠲᠡᠮᠡᠴᠡᠬᠦ ᠪᠢᠯᠡ᠃ ᠪᠢ ᠡᠨᠡ ᠡᠭᠦᠳᠡᠨ ᠡᠴᠡ ᠴᠠᠭ ᠤ᠋ᠨ ᠪᠠᠢᠳᠠᠯ ᠢ᠋ ᠬᠠᠷᠠᠵᠤ ᠰᠠᠭᠤᠨ᠎ᠠ ᠭᠡᠪᠡ᠃ ᠰᠤᠷᠬᠠᠭᠳᠠᠨᠢ ᠠᠮᠣᠳᠠᠢ ᠶ᠋ᠢᠨ ᠪᠠᠢᠷᠢ ᠪᠠᠢᠳᠠᠯ ᠢ᠋ ᠠᠩᠵᠠᠭᠠᠷᠠᠨ ᠬᠡᠰᠡᠭ ᠪᠣᠳᠣᠯᠬᠢᠯᠠᠭᠠᠳ᠂
— ᠴᠢᠨᠦ ᠰᠠᠨᠠᠭ᠎ᠠ ᠶ᠋ᠢ ᠣᠢᠯᠠᠭᠠᠵᠤ ᠪᠠᠢᠨ᠎ᠠ᠂ ᠭᠡᠪᠡᠴᠦ ᠮᠥᠩᠬᠡ ᠲᠩᠷᠢ ᠶ᠋ᠢᠨ ᠳᠣᠣᠷᠠᠬᠢ ᠡᠨᠡ ᠤᠯᠤᠰ ᠲᠤ᠌ ᠬᠠᠭᠠᠨ ᠡᠵᠡᠨ ᠪᠠᠢᠬᠤ ᠨᠢ ᠦᠨᠡᠨ ᠲᠤᠯᠠ ᠥᠪᠡᠷ ᠤ᠋ᠨ ᠤᠬᠠᠭᠠᠨ ᠪᠣᠳᠣᠯ ᠢ᠋ ᠲᠤᠩᠭᠠᠨ ᠦᠵᠡᠵᠦ᠂ ᠬᠠᠨ ᠬᠥᠪᠡᠭᠦᠳ ᠢ᠋ᠶ᠋ᠡᠨ ᠨᠢᠭᠡᠨ ᠵᠣᠷᠢᠯᠭ᠎ᠠ ᠲᠠᠢ ᠪᠠᠢᠯᠭᠠᠬᠤ ᠴᠠᠭ ᠢᠷᠡᠭᠡᠳ ᠪᠠᠢᠭ᠎ᠠ ᠶ᠋ᠢ ᠡᠷᠬᠡᠪᠰᠢ ᠮᠡᠳᠡᠵᠦ ᠪᠠᠢᠭ᠎ᠠ ᠪᠢᠵᠡ᠃ᠨᠠᠳᠠ ᠳ᠋ᠤ᠌ ᠴᠤ᠌ ᠴᠢᠮ᠎ᠠ ᠲᠠᠢ ᠠᠳᠠᠯᠢ ᠴᠠᠭ ᠦᠶ᠎ᠡ ᠪᠠᠢᠭᠰᠠᠨ᠃ ᠲᠡᠢᠮᠦ ᠡᠴᠡ ᠨᠠᠰᠤ ᠥᠨᠳᠥᠷ ᠭᠠᠷᠤᠭᠰᠠᠨ ᠬᠠᠲᠤᠨ ᠨᠠᠮᠠᠶ᠋ᠢ ᠬᠦᠨᠳᠦᠳᠬᠡᠨ ᠦᠭᠡ ᠶ᠋ᠢ ᠮᠢᠨᠢ ᠰᠣᠨᠣᠰᠴᠤ᠂ ᠮᠥᠩᠬᠡ ᠬᠦᠦ ᠶ᠋ᠢ ᠮᠢᠨᠢ ᠳᠠᠮᠵᠢᠨ ᠥᠪᠡᠷ ᠤ᠋ᠨ ᠬᠡᠦᠬᠡᠳ ᠤᠳ ᠢ᠋ᠶ᠋ᠡᠨ ᠢᠯᠡᠭᠡᠨ᠎ᠡ ᠭᠡᠵᠦ ᠢᠲᠡᠭᠡᠵᠦ ᠪᠠᠢᠨ᠎ᠠ ᠭᠡᠵᠦ ᠬᠡᠯᠡᠯ᠎ᠡ᠃
ᠬᠠᠲᠤᠨ ᠤ᠋ ᠢᠷᠡᠭᠰᠡᠨ ᠵᠣᠷᠢᠯᠭ᠎ᠠ ᠶ᠋ᠢ ᠲᠠᠭᠠᠮᠠᠭᠯᠠᠵᠤ᠂ ᠪᠡᠯᠡᠭ ᠰᠡᠯᠲᠡ ᠶ᠋ᠢᠨ ᠠᠷᠤ ᠳ᠋ᠤ᠌ ᠡᠢᠮᠦ ᠦᠭᠡ ᠬᠡᠯᠡᠭᠳᠡᠨ᠎ᠡ ᠭᠡᠳᠡᠭ ᠢ᠋ ᠠᠮᠣᠲᠠᠢ ᠭᠠᠳᠠᠷᠯᠠᠵᠤ ᠪᠠᠢᠵᠠᠢ᠃ ᠲᠡᠷᠡ ᠪᠡᠷ《ᠠᠯᠲᠠᠨ ᠤᠷᠤᠭ ᠤ᠋ᠨ ᠠᠬᠠᠮᠠᠳ ᠪᠡᠷᠢ ᠶ᠋ᠢᠨ ᠬᠤᠪᠢ ᠪᠠᠷ ᠲᠡᠷᠡ᠂ ᠲᠠᠯ᠎ᠠ ᠨᠤᠲᠤᠭ ᠲᠤ᠌ ᠳᠣᠮᠣᠭ ᠪᠣᠯᠤᠨ ᠶᠠᠷᠢᠭᠳᠠᠳᠠᠭ ᠰᠡᠴᠡᠨ ᠪᠢᠯᠢᠭᠲᠦ ᠤᠬᠠᠭᠠᠨ ᠢ᠋ ᠨᠢ ᠪᠣᠳᠣᠭᠰᠠᠨ ᠴᠤ᠌ ᠲᠡᠷᠡ᠂ ᠲᠠᠲᠠᠭᠠᠯᠵᠠᠬᠤ ᠰᠢᠯᠲᠠᠭᠠᠨ ᠦᠭᠡᠢ ᠪᠢᠯᠡ᠃ ᠤᠭ ᠡᠴᠡ ᠴᠠᠭ ᠤ᠋ᠨ ᠪᠠᠢᠳᠠᠯ ᠣᠷᠣᠭ᠎ᠠ ᠪᠤᠰᠬᠠᠭ᠎ᠠ ᠪᠠᠢᠬᠤ ᠳ᠋ᠤ᠌ ᠠᠯᠢ ᠨᠢᠭᠡ ᠲᠠᠯ᠎ᠠ ᠶ᠋ᠢ ᠪᠠᠷᠢᠬᠤ ᠡᠴᠡ ᠥᠭᠡᠷ᠎ᠡ ᠠᠷᠭ᠎ᠠ ᠦᠭᠡᠢ ᠪᠣᠯᠵᠠᠢ》 ᠭᠡᠵᠦ ᠪᠣᠳᠣᠭᠠᠳ᠄
— ᠬᠠᠲᠤᠨ ᠲᠠᠨ ᠤ᠋ ᠦᠭᠡ ᠶ᠋ᠢ ᠰᠣᠨᠣᠰᠤᠯ᠎ᠠ᠃ ᠲᠠᠨ ᠤ᠋ ᠦᠭᠡᠨ ᠡᠴᠡ ᠵᠥᠷᠢᠬᠦ ᠬᠡᠷᠡᠭ ᠶᠠᠭᠤ ᠪᠢᠯᠡ᠃ ᠨᠢᠭᠡᠨᠲᠡ ᠬᠠᠭᠠᠨ ᠡᠵᠡᠨ ᠢ᠋ᠶ᠋ᠡᠷ ᠨᠡᠷᠡᠯᠡᠨ ᠲᠣᠳᠣᠷᠠᠭᠰᠠᠨ ᠮᠥᠩᠬᠡ ᠬᠦᠦ ᠶ᠋ᠢ ᠲᠠᠨᠢ ᠳᠡᠮᠵᠢᠬᠦ ᠶ᠋ᠢ ᠬᠡᠦᠬᠡᠳ ᠤᠳ ᠲᠡᠭᠡᠨ ᠵᠥᠪᠯᠡᠬᠦ ᠨᠢ ᠮᠢᠨᠦ ᠡᠭᠦᠷᠭᠡ ᠭᠡᠵᠦ ᠬᠡᠯᠡᠪᠡ᠃
ᠡᠨᠡ ᠮᠡᠲᠦ ᠶᠠᠷᠢᠶ᠎ᠠ ᠶ᠋ᠢ ᠰᠤᠷᠬᠠᠭᠳᠠᠨᠢ ᠬᠠᠲᠤᠨ ᠠᠯᠲᠠᠨ ᠤᠷᠤᠭ ᠤ᠋ᠨ ᠶᠡᠬᠡᠰ ᠳᠡᠭᠡᠳᠦᠰ᠂ ᠬᠠᠭᠠᠨ ᠤ᠋ ᠠᠯᠪᠠᠲᠤ᠂ ᠰᠠᠢᠳ ᠲᠦᠰᠢᠮᠡᠳ ᠤ᠋ᠨ ᠭᠡᠷ ᠲᠦ᠍ ᠥᠷᠨᠢᠭᠦᠯᠵᠦ ᠲᠤᠩ ᠴᠤ᠌ ᠶᠡᠬᠡ ᠵᠠᠪ ᠦᠭᠡᠢ ᠡᠳᠦᠷ ᠤᠳ ᠦᠷᠭᠦᠯᠵᠢᠯᠡᠵᠦ ᠪᠠᠢᠪᠠ᠃ ᠬᠥᠮᠦᠨ ᠪᠦᠬᠦᠨ ᠲᠡᠢ ᠳᠣᠲᠣᠨᠣᠴᠢᠯᠠᠨ ᠠᠭᠤᠯᠵᠠᠵᠤ᠂ᠴᠠᠭ ᠤ᠋ᠨ ᠪᠠᠢᠳᠠᠯ ᠢ᠋ ᠣᠢᠯᠠᠭᠠᠭᠤᠯᠬᠤ᠂ ᠪᠡᠯᠡᠭ ᠰᠡᠯᠲᠡ ᠪᠡᠷ ᠰᠡᠳᠬᠢᠯ ᠢ᠋ ᠨᠢ ᠲᠠᠲᠠᠬᠤ ᠠᠵᠢᠯ ᠠᠮᠠᠷ ᠦᠭᠡᠢ ᠴᠤ᠌ ᠬᠦᠦ ᠶ᠋ᠢᠨ ᠬᠢᠨᠢ ᠲᠤᠬᠠᠢ ᠭᠡᠷᠦᠨ ᠲᠡᠨᠦᠵᠦ ᠶᠠᠪᠤᠭ᠎ᠠ ᠮᠠᠭᠤ ᠬᠡᠯᠡ᠂ ᠬᠡᠢ ᠰᠠᠯᠬᠢ ᠱᠢᠭ᠋ ᠴᠤᠤ ᠶᠠᠷᠢᠶ᠎ᠠ ᠲᠠᠢ ᠣᠷᠣᠯᠳᠣᠬᠤ ᠡᠴᠡ ᠥᠭᠡᠷ᠎ᠡ ᠠᠷᠭ᠎ᠠ ᠦᠭᠡᠢ ᠲᠤᠯᠠ᠂ ᠨᠠᠰᠤ ᠥᠨᠳᠥᠷ ᠪᠣᠯᠤᠭᠰᠠᠨ ᠴᠤ᠌ ᠬᠥᠯ ᠳᠡᠭᠡᠷ᠎ᠡ ᠪᠡᠨ ᠴᠢᠩᠭ᠎ᠠ ᠵᠣᠭᠰᠣᠨ ᠵᠢᠳᠬᠦᠬᠦ ᠡᠴᠡ ᠥᠭᠡᠷ᠎ᠡ ᠠᠷᠭ᠎ᠠ ᠦᠭᠡᠢ ᠪᠠᠢᠪᠠ᠃
ᠲᠤᠩ ᠤᠳᠠᠯ ᠦᠭᠡᠢ ᠵᠤᠨ ᠤ᠋ ᠳᠡᠯᠭᠡᠷ ᠴᠠᠭ ᠠᠢᠯᠴᠢᠯᠠᠨ ᠢᠷᠡᠪᠡ᠃ ᠡᠨᠡ ᠯᠡ ᠦᠶ᠎ᠡ ᠳ᠋ᠦ᠍ ᠢᠳᠡᠭᠡ ᠴᠠᠭ᠎ᠠ ᠳᠡᠯᠭᠡᠷᠡᠵᠦ᠂ ᠠᠢᠷᠠᠭ ᠠᠷᠢᠬᠢ ᠰᠥᠩ ᠰᠥᠩ ᠢ᠋ᠶ᠋ᠡᠷ ᠰᠦᠩᠨᠡᠭᠳᠡᠨ᠂ ᠬᠡᠦᠬᠡᠳ ᠪᠠᠭᠠᠴᠤᠳ ᠤ᠋ᠨ ᠱᠤᠤᠭᠢᠯᠳᠤᠨ ᠭᠦᠶᠦᠯᠳᠦᠬᠦ ᠴᠢᠮᠡᠭᠡ᠂ ᠬᠥᠬᠦᠦᠷ ᠳᠣᠲᠣᠷᠠᠬᠢ ᠠᠢᠷᠠᠭ ᠤ᠋ᠨ ᠢᠰᠬᠦ ᠲᠡᠢ ᠬᠣᠣᠰᠯᠠᠨ ᠮᠣᠩᠭᠣᠯ ᠤ᠋ᠨ ᠲᠠᠯ᠎ᠠ ᠨᠤᠲᠤᠭ ᠲᠤ᠌ ᠠᠵᠠ ᠵᠢᠷᠭᠠᠯ ᠤ᠋ᠨ ᠳᠠᠭᠤ ᠬᠠᠳᠠᠨ ᠪᠠᠢᠳᠠᠭ᠃ ᠵᠢᠷᠭᠠᠯ ᠲᠠᠢ ᠳᠡᠯᠭᠡᠷ ᠵᠤᠨ ᠴᠠᠭ ᠲᠤ᠌ ᠲᠠᠯ᠎ᠠ ᠨᠤᠲᠤᠭ ᠢ᠋ᠶ᠋ᠠᠷ ᠲᠠᠷᠬᠠᠭᠰᠠᠨ ᠶᠡᠬᠡ ᠬᠤᠷᠠᠯᠳᠠᠢ ᠶ᠋ᠢᠨ ᠴᠢᠮᠡᠭᠡ ᠶ᠋ᠢ ᠠᠯᠲᠠᠨ ᠤᠷᠤᠭ ᠤ᠋ᠨ ᠬᠢᠨ᠂ ᠶᠡᠬᠡᠰ ᠳᠡᠭᠡᠳᠦᠰ ᠴᠥᠮ ᠬᠦᠯᠢᠶᠡᠨ ᠠᠪᠤᠭᠰᠠᠨ ᠪᠠᠢᠪᠠ᠃ ᠲᠡᠳᠡ《ᠶᠡᠬᠡ ᠡᠵᠡᠨ ᠦ᠌ ᠭᠠᠯ ᠭᠣᠯᠣᠮᠲᠠ ᠬᠡᠷᠦᠯᠦᠨ ᠦ᠌ ᠬᠥᠳᠡᠭᠡ ᠠᠷᠠᠯ ᠳ᠋ᠤ᠌ ᠴᠢᠭᠤᠯᠬᠤ ᠶᠡᠬᠡ ᠬᠤᠷᠠᠯᠳᠠᠢ ᠳ᠋ᠤ᠌ ᠣᠴᠢᠬᠤ ᠦᠭᠡᠢ ᠭᠡᠵᠦ ᠵᠥᠷᠢᠬᠦ ᠵᠢᠷᠦᠬᠡᠲᠡᠨ ᠮᠥᠩᠬᠡ ᠲᠩᠷᠢ ᠶ᠋ᠢᠨ ᠳᠣᠣᠷ᠎ᠠ ᠪᠣᠢ ᠪᠢᠯᠡ ᠤᠤ》ᠭᠡᠮᠡᠨ ᠬᠡᠯᠡᠯᠴᠡᠵᠦ ᠪᠠᠢᠬᠤ ᠳ᠋ᠤ᠌ ᠰᠤᠷᠬᠠᠭᠳᠠᠨᠢ ᠬᠠᠲᠤᠨ ᠠᠭᠤᠷᠠᠭ ᠲᠤ᠌ ᠪᠤᠴᠠᠨ ᠣᠴᠢᠵᠤ ᠬᠤᠷᠠᠯᠳᠠᠢ ᠶ᠋ᠢᠨ ᠪᠡᠯᠡᠳᠬᠡᠯ ᠠᠵᠢᠯ ᠢ᠋ ᠭᠠᠷᠳᠠᠨ ᠤᠳᠤᠷᠢᠳᠬᠤ ᠪᠠᠷ ᠬᠥᠳᠡᠯᠦᠯ᠎ᠡ᠃
ᠡᠨᠡ ᠦᠶ᠎ᠡ ᠳ᠋ᠦ᠍ ᠬᠠᠷᠠᠬᠣᠷᠣᠮ ᠳ᠋ᠤ᠌ ᠪᠠᠢᠬᠤ ᠤᠭᠤᠯ ᠬᠠᠢᠮᠢᠱ ᠬᠠᠲᠤᠨ ᠤ᠋ ᠦᠷᠭᠦᠭᠡᠨ ᠳ᠋ᠦ᠍ ᠬᠡᠳᠦᠨ ᠬᠥᠮᠦᠨ ᠰᠠᠮ ᠶᠠᠷᠢᠯᠴᠠᠨ ᠰᠠᠭᠤᠨ᠎ᠠ᠃ ᠤᠭᠤᠯ ᠬᠠᠢᠮᠢᠱ ᠬᠠᠲᠤᠨ ᠤ᠋ ᠬᠠᠮᠲᠤ ᠬᠠᠷ᠎ᠠ ᠦᠯᠡᠬᠦ᠂ ᠭᠦᠶᠦᠭ ᠤ᠋ᠨ ᠬᠦᠦ ᠬᠤᠵᠠ ᠂ ᠨᠠᠭᠤ ᠂ ᠰᠢᠷᠡᠮᠦᠨ ᠨᠠᠷ ᠪᠠᠢᠪᠠ᠃ ᠤᠭᠤᠯ ᠬᠠᠢᠮᠢᠱ ᠬᠠᠲᠤᠨ᠄
— ᠶᠡᠬᠡ ᠬᠤᠷᠠᠯᠳᠠᠢ ᠶ᠋ᠢᠨ ᠲᠣᠪᠯᠠᠭᠰᠠᠨ ᠬᠣᠨᠣᠭ ᠬᠤᠭᠤᠴᠠᠭ᠎ᠠ ᠣᠢᠷᠠᠲᠤᠭᠰᠠᠭᠠᠷ ᠪᠠᠢᠨ᠎ᠠ᠃ ᠪᠠᠲᠤ ᠶ᠋ᠢᠨ ᠢᠯᠡᠭᠡᠭᠰᠡᠨ ᠭᠤᠷᠪᠠᠨ ᠲᠦᠮᠡᠨ ᠴᠡᠷᠢᠭ ᠢ᠋ ᠶᠠᠭᠠᠬᠢᠯᠲᠠᠢ᠃ ᠳᠡᠭᠡᠷ᠎ᠡ ᠨᠢ ᠳᠠᠬᠢᠨ ᠭᠤᠷᠪᠠᠨ ᠲᠦᠮᠡᠨ ᠴᠡᠷᠢᠭ ᠣᠢᠷᠠᠬᠠᠨ ᠢᠷᠡᠭᠡᠳ ᠪᠠᠢᠨ᠎ᠠ᠃ ᠪᠢᠳᠡ ᠴᠤᠤ ᠲᠠᠷᠬᠠᠭᠠᠭᠰᠠᠨ ᠴᠤ᠌ ᠦᠷ᠎ᠡ ᠳ᠋ᠦᠩ ᠳ᠋ᠦ᠍ ᠬᠦᠷᠦᠭᠰᠡᠨ ᠦᠭᠡᠢ ᠳᠠᠷᠤᠭᠳᠠᠯ᠎ᠠ ᠬᠡᠮᠡᠬᠦ ᠳ᠋ᠦ᠍ ᠬᠠᠷ᠎ᠠ ᠦᠯᠡᠬᠦ᠄
— ᠪᠠᠲᠤ ᠬᠠᠭᠠᠨ᠃ ᠪᠠᠲᠤ ᠬᠠᠭᠠᠨ ᠤ᠋ ᠣᠢᠷᠠᠬᠠᠨ ᠢᠷᠡᠭᠰᠡᠨ ᠨᠢ ᠦᠨᠡᠨ ᠬᠤᠳᠠᠯ ᠠᠯᠢ ᠨᠢ ᠪᠣᠯᠬᠤ ᠶ᠋ᠢ ᠮᠡᠳᠡᠬᠦ ᠦᠭᠡᠢ ᠴᠤ᠌ ᠲᠡᠷᠡ ᠡᠨᠳᠡ ᠢᠷᠡᠪᠡᠯ ᠪᠢᠳᠡᠨ ᠦ᠌ ᠪᠦᠬᠦ ᠲᠥᠯᠥᠪᠯᠡᠭᠡ ᠨᠤᠷᠠᠬᠤ ᠨᠢ ᠳᠠᠮᠵᠢᠭ ᠦᠭᠡᠢ᠃ ᠲᠡᠢᠮᠦ ᠡᠴᠡ ᠡᠨᠡ ᠮᠡᠳᠡᠭᠡ ᠪᠠᠲᠤᠲᠠᠢ ᠡᠰᠡᠬᠦ ᠶ᠋ᠢ ᠮᠠᠭᠠᠳᠯᠠᠬᠤ ᠬᠡᠷᠡᠭᠲᠡᠢ ᠪᠠᠢᠨ᠎ᠠ ᠭᠡᠪᠡ᠃ ᠰᠢᠷᠡᠮᠦᠨ ᠶᠠᠷᠢᠶᠠᠨ ᠳ᠋ᠤ᠌ ᠣᠷᠣᠯᠴᠠᠨ᠂
— ᠲᠡᠭᠦᠨ ᠢ᠋ ᠮᠠᠭᠠᠳᠯᠠᠬᠤ ᠶᠠᠮᠠᠷ ᠠᠷᠭ᠎ᠠ ᠪᠠᠢᠬᠤ ᠪᠢᠯᠡ? ᠪᠢᠳᠡᠨ ᠢ᠋ ᠦᠨᠡᠨ ᠬᠤᠳᠠᠯ ᠢ᠋ ᠮᠡᠳᠡᠬᠦ ᠭᠡᠭᠰᠡᠭᠡᠷ ᠪᠠᠢᠲᠠᠯ᠎ᠠ ᠶᠡᠬᠡ ᠬᠤᠷᠠᠯᠳᠠᠢ ᠪᠣᠯᠳᠠᠭ ᠢ᠋ᠶ᠋ᠠᠷ ᠢ᠋ᠶ᠋ᠠᠨ ᠪᠣᠯᠵᠤ᠂ ᠮᠥᠩᠬᠡ ᠬᠠᠭᠠᠨ ᠰᠠᠭᠤᠨ᠎ᠠ᠃ ᠬᠠᠷᠢᠨ ᠪᠢᠳᠡᠨ ᠳ᠋ᠦ᠍ ᠪᠠᠭ᠎ᠠ ᠪᠣᠯᠪᠠᠴᠤ ᠴᠡᠷᠢᠭ ᠪᠣᠢ᠃ ᠲᠡᠢᠮᠦ ᠡᠴᠡ ᠤᠷᠢᠳᠤ ᠶᠠᠷᠢᠬᠰᠠᠨᠴᠢᠯᠠᠨ ᠬᠤᠷᠠᠯᠲᠠᠢ ᠪᠣᠯᠤᠭᠰᠠᠨ ᠤ᠋ ᠳᠠᠷᠠᠭ᠎ᠠ ᠭᠡᠨᠡᠳᠡᠭᠦᠯᠦᠨ ᠴᠣᠬᠢᠪᠠᠯ ᠶᠠᠮᠠᠷ ᠪᠣᠢ ᠭᠡᠪᠡ᠃ ᠤᠭᠤᠯ ᠬᠠᠢᠮᠢᠱ ᠬᠠᠲᠤᠨ᠄
— ᠡᠨᠡ ᠠᠮᠠᠷ ᠪᠦᠲᠦᠬᠦ ᠰᠠᠨᠠᠭ᠎ᠠ ᠪᠢᠰᠢ ᠴᠤ᠌ ᠥᠭᠡᠷ᠎ᠡ ᠠᠷᠭ᠎ᠠ ᠵᠠᠮ ᠠᠯᠠᠭ᠎ᠠ᠃ ᠪᠢᠳᠡ ᠴᠡᠷᠢᠭ ᠤ᠋ᠨ ᠬᠦᠴᠦ ᠪᠠᠭ᠎ᠠ ᠲᠤᠯᠠ ᠬᠤᠷᠠᠯᠲᠠᠢ ᠶ᠋ᠢ ᠡᠬᠢᠯᠡᠭᠦᠯᠦᠭᠰᠡᠨ ᠦ᠌ ᠳᠠᠷᠠᠭ᠎ᠠ ᠴᠤᠭᠯᠠᠭᠰᠠᠨ ᠣᠯᠠᠨ ᠠᠮᠤᠭᠤᠯᠠᠩ ᠢ᠋ ᠣᠯᠵᠤ᠂ ᠤᠤᠭᠤᠭᠰᠠᠨ ᠠᠷᠢᠬᠢ ᠨᠢ ᠲᠣᠯᠣᠭᠠᠢ ᠳ᠋ᠤ᠌ ᠭᠠᠷᠴᠤ᠂ ᠤᠨᠲᠠᠭ᠎ᠠ ᠰᠡᠷᠡᠭᠦᠨ ᠦ᠌ ᠬᠣᠭᠣᠷᠣᠨᠳᠣ ᠨᠣᠵᠣᠭᠣᠷᠠᠨ ᠪᠠᠢᠬᠤ ᠳ᠋ᠤᠨᠢ ᠳᠠᠭᠠᠷᠢᠨ ᠣᠷᠣᠵᠤ ᠳᠠᠷᠤᠬᠤ ᠰᠠᠨᠠᠭ᠎ᠠ ᠪᠠᠨ ᠬᠡᠷᠡᠭᠵᠢᠭᠦᠯᠦᠶ᠎ᠡ ᠬᠡᠮᠡᠪᠡ᠃ ᠬᠣᠵᠠ᠄
— ᠡᠬᠡ ᠶ᠋ᠢᠨ ᠬᠡᠯᠡᠳᠡᠭ ᠵᠥᠪ᠃ ᠭᠡᠪᠡᠴᠦ ᠲᠡᠳᠡ ᠪᠢᠳᠡᠨ ᠢ᠋ ᠵᠦᠭᠡᠷ ᠰᠠᠭᠤᠬᠤ ᠦᠭᠡᠢ ᠭᠡᠳᠡᠭ ᠢ᠋ ᠮᠡᠳᠡᠵᠦ ᠪᠣᠢ ᠲᠤᠯᠠ ᠭᠦᠢᠴᠡᠳ ᠠᠮᠤᠷᠯᠢᠬᠤ ᠦᠭᠡᠢ ᠪᠣᠯᠪᠠ ᠤᠤ᠃ ᠪᠢᠳᠡᠨ ᠡᠴᠡ ᠬᠡᠳᠦᠨ ᠬᠥᠮᠦᠨ ᠬᠠᠭᠠᠨ ᠡᠵᠡᠨ ᠢ᠋ ᠵᠥᠪᠰᠢᠶᠡᠷᠡᠵᠦ ᠪᠣᠢ ᠪᠠᠨ ᠢᠯᠡᠳᠬᠡᠨ ᠬᠤᠷᠠᠯᠳᠠᠢ ᠳ᠋ᠤ᠌ ᠣᠴᠢᠵᠤ ᠪᠠᠷᠠᠯᠬᠠᠶᠠ ᠭᠡᠪᠡ᠃ ᠨᠠᠭᠤ ᠄
— ᠵᠥᠪ ᠰᠠᠨᠠᠭ᠎ᠠ ᠪᠠᠢᠨ᠎ᠠ᠃ ᠬᠡᠳᠦᠨ ᠬᠥᠮᠦᠨ ᠬᠠᠭᠠᠨ ᠡᠵᠡᠨ ᠢ᠋ ᠵᠥᠪᠰᠢᠶᠡᠷᠡᠭᠰᠡᠨ ᠢ᠋ᠶ᠋ᠡᠨ ᠢᠯᠡᠷᠬᠡᠢᠯᠡᠨ ᠣᠴᠢᠵᠤ ᠬᠤᠷᠠᠯᠳᠠᠢ ᠳ᠋ᠤ᠌ ᠣᠷᠣᠯᠴᠠᠪᠠᠯ ᠲᠡᠳᠡ ᠪᠢᠳᠡᠨ ᠪᠦᠭᠦᠳᠡ ᠮᠥᠩᠬᠡ ᠶ᠋ᠢ ᠬᠠᠭᠠᠨ ᠰᠠᠭᠤᠯᠭᠠᠬᠤ ᠶ᠋ᠢ ᠵᠥᠪᠰᠢᠶᠡᠷᠡᠵᠦ ᠪᠠᠢᠨ᠎ᠠ ᠭᠡᠮᠡᠨ ᠰᠡᠳᠬᠢᠯ ᠠᠮᠠᠷᠠᠵᠤ᠂ ᠴᠡᠨᠡᠬᠦ ᠨᠢ ᠰᠤᠯᠠᠷᠠᠨ᠎ᠠ᠃ ᠲᠡᠳᠡ ᠢᠩᠭᠢᠭᠰᠡᠨ ᠢ᠋ᠶ᠋ᠡᠷ ᠬᠤᠷᠠᠯᠳᠠᠢ ᠶ᠋ᠢᠨ ᠳᠠᠷᠠᠭ᠎ᠠ ᠰᠠᠷᠬᠤᠳ ᠲᠠᠭᠠᠯᠠᠨ ᠬᠠᠨᠲᠠᠯ᠎ᠠ ᠬᠥᠯᠴᠥᠭᠦᠷᠡᠬᠦ ᠪᠤᠰᠤ ᠤᠤ᠂ ᠲᠡᠷᠡ ᠴᠠᠭ ᠲᠤ᠌ ᠪᠢᠳᠡ ᠴᠡᠷᠢᠭᠯᠡᠨ ᠬᠥᠳᠡᠯᠵᠦ ᠰᠠᠨᠠᠭᠰᠠᠨ ᠳ᠋ᠠᠭᠠᠨ ᠬᠦᠷᠴᠦ ᠪᠣᠯᠤᠨ᠎ᠠ ᠬᠡᠮᠡᠪᠡ᠃ ᠣᠭᠤᠯ ᠬᠠᠢᠮᠢᠱ ᠬᠠᠲᠤᠨ ᠬᠥᠪᠡᠭᠦᠳ ᠢ᠋ᠶ᠋ᠡᠨ ᠠᠵᠢᠭᠯᠠᠨ᠂
— ᠲᠠ ᠨᠠᠷ ᠥᠨᠥᠳᠥᠷ ᠤ᠋ᠨ ᠬᠢ ᠰᠢᠭ ᠡᠪ ᠲᠡᠢ ᠪᠠᠢᠭᠰᠠᠨ ᠪᠣᠯ ᠪᠢᠳᠡ ᠢᠩᠭᠢᠵᠦ ᠰᠠᠭᠤᠬᠤ ᠦᠭᠡᠢ ᠪᠠᠢᠯ᠎ᠠ᠃ ᠭᠡᠪᠡᠴᠦ ᠬᠠᠷᠠᠮᠰᠠᠬᠤ ᠡᠴᠡ ᠢᠯᠡᠭᠦᠦ ᠬᠢᠬᠦ ᠵᠦᠢᠯ ᠶᠡᠬᠡ ᠲᠤᠯᠠ ᠴᠠᠭᠠᠰᠢ ᠬᠡᠷᠬᠢᠬᠦ ᠪᠡᠨ ᠬᠡᠯᠡᠯᠴᠡᠶ᠎ᠡ ᠭᠡᠪᠡ᠃ ᠬᠠᠷ᠎ᠠ ᠦᠯᠡᠬᠦ᠄
— ᠡᠨᠡ ᠰᠠᠨᠠᠭ᠎ᠠ ᠵᠥᠪ ᠪᠤᠶᠤ᠃ ᠪᠢ ᠬᠤᠵᠠ ᠶ᠋ᠢᠨ ᠬᠠᠮᠲᠤ ᠬᠤᠷᠠᠯᠲᠠᠢ ᠳ᠋ᠤ᠌ ᠡᠬᠢᠯᠡᠨ ᠣᠴᠢᠵᠤ᠂ ᠲᠡᠳᠡᠨ ᠢ᠋ ᠳᠠᠮᠵᠢᠨ ᠪᠣᠢ ᠪᠠᠨ ᠢᠯᠡᠷᠬᠡᠢᠯᠡᠨ ᠬᠦᠨᠳᠦᠳᠬᠡᠯ ᠦᠵᠡᠭᠦᠯᠦᠶ᠎ᠡ᠃ ᠬᠠᠷᠢᠨ ᠨᠠᠭᠤ ᠰᠢᠷᠡᠮᠦᠨ ᠨᠠᠷ ᠴᠡᠷᠢᠭᠯᠡᠨ ᠭᠤᠷᠪᠠᠨ ᠬᠣᠨᠣᠭ ᠤ᠋ᠨ ᠭᠠᠵᠠᠷ ᠲᠤ᠌ ᠪᠡᠯᠡᠨ ᠪᠠᠢ᠃ ᠶᠡᠬᠡ ᠴᠡᠷᠢᠭ ᠭᠤᠷᠪᠠ ᠬᠣᠨᠣᠭ ᠤ᠋ᠨ ᠭᠠᠵᠠᠷ ᠡᠴᠡ ᠬᠣᠯᠠ ᠬᠠᠷᠠᠭᠤᠯ ᠳ᠋ᠤ᠌ ᠭᠠᠷᠬᠤ ᠶᠣᠰᠣ ᠦᠭᠡᠢ ᠲᠤᠯᠠ ᠪᠢᠳᠡᠨ ᠢ᠋ ᠮᠡᠳᠡᠬᠦ ᠦᠭᠡᠢ᠃ ᠦᠬᠦᠬᠦ ᠰᠡᠬᠡᠬᠦ ᠨᠢ ᠮᠡᠳᠡᠭᠳᠡᠬᠦ ᠦᠭᠡᠢ ᠠᠶᠤᠯ ᠲᠠᠢ ᠲᠣᠭᠯᠠᠭᠠᠮ ᠲᠤᠯᠠ ᠰᠡᠷᠡᠮᠵᠢ ᠠᠯᠳᠠᠵᠤ ᠬᠡᠷᠬᠢᠪᠡᠴᠦ ᠪᠣᠯᠬᠤ ᠦᠭᠡᠢ ᠬᠡᠮᠡᠪᠡ᠃
ᠴᠢᠩᠭᠢᠰ ᠬᠠᠭᠠᠨ ᠤ᠋ ᠥᠯᠥᠭᠡᠢ ᠨᠤᠲᠤᠭ ᠬᠡᠷᠦᠯᠦᠨ᠂ ᠤᠨᠤᠨ᠂ ᠲᠤᠤᠯᠠ ᠭᠣᠣᠯ ᠤ᠋ᠨ ᠰᠠᠪᠠ ᠭᠠᠵᠠᠷ ᠬᠡᠷᠦᠯᠦᠨ ᠦ᠌ ᠬᠥᠳᠡᠭᠡ ᠠᠷᠠᠯ ᠬᠥᠯ ᠬᠥᠳᠡᠯᠭᠡᠭᠡᠨ ᠶᠡᠬᠡ ᠲᠡᠢ ᠪᠠᠢᠪᠠ᠃ ᠲᠠᠯ᠎ᠠ ᠨᠤᠲᠤᠭ ᠲᠤ᠌ ᠠᠢᠯᠴᠢᠯᠠᠨ ᠢᠷᠡᠭᠰᠡᠨ ᠵᠤᠨ ᠤ᠋ ᠳᠡᠯᠭᠡᠷ ᠴᠠᠭ ᠲᠤ᠌ ᠡᠬᠢᠯᠡᠨ ᠪᠣᠢ ᠶᠡᠬᠡ ᠬᠤᠷᠠᠯᠳᠠᠢ ᠳ᠋ᠤ᠌ ᠵᠣᠷᠢᠭᠤᠯᠤᠨ ᠪᠠᠷᠢᠭᠰᠠᠨ ᠥᠷᠭᠥᠭᠡ ᠴᠠᠭᠠᠨ ᠭᠡᠷ ᠤᠳ ᠲᠣᠭᠠᠯᠠᠵᠤ ᠪᠣᠯᠤᠮ᠎ᠠ ᠦᠭᠡᠢ ᠠᠯᠤᠰ ᠲᠤ᠌ ᠨᠢᠳᠦ ᠠᠯᠳᠠᠮ᠎ᠠ ᠬᠠᠷᠠᠭᠳᠠᠨ᠎ᠠ᠃ ᠬᠤᠷᠠᠯᠲᠠᠢ ᠶ᠋ᠢᠨ ᠴᠢᠭᠤᠯᠬᠤ ᠶᠡᠬᠡ ᠠᠰᠠᠷ᠂ ᠬᠠᠭᠠᠨ ᠡᠵᠡᠨ ᠢ᠋ ᠡᠷᠭᠦᠮᠵᠢᠯᠡᠬᠦ ᠥᠷᠭᠥᠭᠡ ᠭᠡᠷ ᠢ᠋ ᠠᠯᠲᠠᠨ ᠤᠭᠠᠯᠵᠠ ᠪᠠᠷ ᠴᠢᠮᠡᠭᠯᠡᠨ ᠲᠠᠯ᠎ᠠ ᠨᠤᠲᠤᠭ ᠤ᠋ᠨ ᠡᠵᠡᠷᠬᠡᠭ ᠭᠦᠷᠦᠨ ᠦ᠌ ᠰᠦᠷ ᠬᠦᠴᠦ ᠶ᠋ᠢ ᠣᠯᠠᠨ᠎ᠠ ᠬᠠᠷᠠᠭᠤᠯᠬᠤ ᠶ᠋ᠢ ᠵᠣᠷᠢᠭᠰᠠᠨ ᠪᠠᠢᠪᠠ᠃ ᠳᠦᠷᠭᠡᠨ᠎ᠡ ᠬᠠᠲᠤᠨ ᠬᠦᠦ ᠬᠥᠶᠦᠭ ᠢ᠋ ᠬᠠᠭᠠᠨ ᠣᠷᠣ ᠰᠠᠭᠤᠯᠭᠠᠬᠤ ᠳ᠋ᠤ᠌ ᠵᠣᠷᠢᠭᠤᠯᠤᠨ ᠪᠡᠯᠡᠳᠬᠡᠵᠦ ᠪᠠᠢᠭᠰᠠᠨ ᠲᠠᠢ ᠠᠳᠠᠯᠢ᠂ ᠮᠠᠭᠠᠳ ᠦᠭᠡᠢ ᠲᠡᠭᠦᠨ ᠡᠴᠡ ᠴᠤ᠌ ᠨᠦᠰᠡᠷ ᠠᠵᠢᠯ ᠡᠨᠡ ᠬᠤᠷᠠᠯᠳᠠᠢ ᠶ᠋ᠢᠨ ᠪᠡᠯᠡᠳᠬᠡᠯ ᠳ᠋ᠦ᠍ ᠵᠣᠷᠢᠭᠤᠯᠤᠭᠳᠠᠭᠰᠠᠨ ᠪᠣᠯᠤᠯᠲᠠᠢ᠃ ᠬᠤᠷᠠᠯᠳᠠᠢ ᠡᠬᠢᠯᠡᠨ ᠬᠠᠭᠠᠨ ᠡᠵᠡᠨ ᠰᠡᠨᠳᠡᠢ ᠳ᠋ᠡᠭᠡᠨ ᠵᠠᠯᠠᠷᠠᠬᠤ ᠲᠣᠷᠭᠠᠨ ᠮᠥᠴᠡ ᠣᠢᠷᠠᠲᠤᠭᠰᠠᠭᠠᠷ᠁
ᠥᠨᠥ ᠬᠢᠷᠢ ᠡᠰᠡᠷᠭᠦᠴᠡᠨ ᠪᠠᠢᠭ᠎ᠠ ᠠᠯᠲᠠᠨ ᠤᠷᠤᠭ ᠤ᠋ᠨ ᠬᠢᠨ ᠦ᠌ ᠵᠠᠷᠢᠮ ᠬᠠᠨ ᠬᠥᠪᠡᠭᠦᠳ ᠤ᠋ᠨ ᠭᠡᠨᠡᠳᠲᠡ ᠶ᠋ᠢᠨ ᠳᠣᠪᠲᠣᠯᠭᠠᠨ ᠡᠴᠡ ᠰᠡᠷᠡᠮᠵᠢᠯᠡᠨ᠂ ᠪᠡᠷᠬᠡ ᠶ᠋ᠢᠨ ᠭᠤᠷᠪᠠᠨ ᠲᠦᠮᠡᠨ ᠴᠡᠷᠢᠭ ᠤ᠋ᠨ ᠬᠠᠲᠠᠭᠤ ᠬᠢᠨᠠᠯᠲᠠ ᠳᠣᠣᠷ᠎ᠠ ᠬᠠᠭᠠᠨ ᠡᠷᠭᠦᠮᠵᠢᠯᠡᠬᠦ ᠶᠡᠬᠡ ᠶᠣᠰᠣᠯᠠᠯ ᠢ᠋ ᠬᠢᠵᠦ ᠭᠦᠢᠴᠡᠳᠬᠡᠬᠦ ᠪᠣᠯᠪᠠ᠃ ᠡᠵᠡᠨᠲᠦ ᠭᠦᠷᠦᠨ ᠦ᠌ ᠳᠥᠷᠪᠡᠳᠡᠬᠢ ᠶᠡᠬᠡ ᠬᠠᠭᠠᠨ ᠢ᠋ ᠵᠠᠯᠠᠬᠤ ᠶᠣᠰᠣᠯᠠᠯ ᠳ᠋ᠤ᠌ ᠠᠯᠲᠠᠨ ᠤᠷᠤᠭ ᠤ᠋ᠨ ᠬᠢᠨ ᠲᠡᠳᠦᠢ ᠦᠭᠡᠢ ᠶᠡᠬᠡᠰ ᠳᠡᠭᠡᠳᠦᠰ᠂ ᠡᠵᠡᠨᠲᠦ ᠭᠦᠷᠦᠨ ᠦ᠌ ᠵᠠᠬ᠎ᠠ ᠬᠠᠶᠠᠭ᠎ᠠ ᠪᠠᠷ ᠨᠤᠲᠤᠭᠯᠠᠬᠤ ᠬᠠᠷᠢᠶᠠᠲᠤ ᠠᠷᠠᠳ ᠢ᠋ ᠵᠠᠬᠢᠷᠤᠭᠴᠢᠳ ᠪᠣᠯᠤᠨ ᠥᠷᠥᠨ᠎ᠡ ᠳᠣᠷᠣᠨ᠎ᠠ ᠶ᠋ᠢᠨ ᠡᠯᠴᠢ ᠲᠥᠯᠥᠭᠡᠯᠡᠭᠴᠢᠳ ᠬᠦᠷᠦᠯᠴᠡᠨ ᠢᠷᠡᠵᠡᠢ᠃ ᠬᠥᠳᠡᠭᠡ ᠠᠷᠠᠯ ᠤ᠋ᠨ ᠳᠡᠨᠵᠢ ᠶ᠋ᠢ ᠴᠠᠭᠠᠨ ᠴᠠᠰᠤ ᠨᠠᠪᠰᠠᠢᠲᠠᠯᠠ ᠳᠠᠷᠤᠭᠰᠠᠨ ᠮᠡᠲᠦ ᠤᠷᠲᠤ ᠥᠷᠭᠥᠭᠡ ᠨᠦ᠍ᠭᠦᠳ ᠶᠡᠬᠡ ᠬᠦᠷᠢᠶ᠎ᠡ ᠡᠭᠦᠰᠬᠡᠵᠡᠢ᠃ ᠭᠤᠷᠪᠠᠨ ᠡᠳᠦᠷ ᠤ᠋ᠨ ᠭᠠᠵᠠᠷ ᠡᠴᠡ ᠡᠬᠢᠯᠡᠨ ᠪᠠᠢᠷᠢ ᠪᠠᠨ ᠡᠵᠡᠯᠡᠭᠰᠡᠨ ᠶᠡᠬᠡ ᠴᠡᠷᠢᠭ ᠬᠠᠭᠠᠨ ᠡᠷᠭᠦᠮᠵᠢᠯᠡᠬᠦ ᠶᠣᠰᠣᠯᠠᠯ ᠢ᠋ ᠳᠠᠭᠤᠰᠲᠠᠯ᠎ᠠ ᠨᠢᠳᠦ ᠴᠠᠪᠴᠢᠬᠤ ᠤᠴᠢᠷ ᠦᠭᠡᠢ᠃ ᠬᠥᠳᠡᠭᠡ ᠠᠷᠠᠯ ᠤ᠋ᠨ ᠳᠡᠨᠵᠢ ᠳᠡᠭᠡᠷ᠎ᠡ ᠪᠦᠷᠢᠶ᠎ᠡ ᠪᠢᠰᠬᠢᠭᠦᠷ ᠤ᠋ᠨ ᠳᠠᠭᠤ ᠬᠠᠩᠭᠢᠨᠠᠵᠤ᠂
— ᠡᠵᠡᠨᠲᠦ ᠭᠦᠷᠦᠨ ᠦ᠌ ᠳᠥᠷᠪᠡᠳᠡᠬᠢ ᠶᠡᠬᠡ ᠬᠠᠭᠠᠨ ᠮᠥᠩᠬᠡ ᠵᠠᠯᠠᠷᠠᠨ ᠢᠷᠡᠵᠦ ᠪᠠᠢᠨ᠎ᠠ ᠭᠡᠬᠦ ᠰᠦᠷᠯᠢᠭ ᠳᠠᠭᠤ ᠴᠤᠭᠯᠠᠭᠰᠠᠨ ᠣᠯᠠᠨ ᠤ᠋ ᠳᠤᠮᠳᠠ ᠡᠴᠡ ᠴᠤᠤᠷᠢᠶᠠᠲᠤᠨ ᠰᠣᠨᠣᠰᠤᠭᠳᠠᠯ᠎ᠠ᠃ ᠶᠡᠬᠡ ᠠᠰᠠᠷ ᠤ᠋ᠨ ᠡᠮᠦᠨᠡᠭᠦᠷ ᠵᠠᠰᠠᠭᠰᠠᠨ ᠴᠠᠭᠠᠨ ᠢᠰᠡᠭᠡᠢ ᠶ᠋ᠢᠨ ᠬᠣᠶᠠᠷ ᠲᠠᠯ᠎ᠠ ᠪᠠᠷ ᠠᠯᠲᠠᠨ ᠤᠷᠤᠭ ᠤ᠋ᠨ ᠬᠠᠲᠤᠳ ᠡᠩᠨᠡᠨ ᠵᠣᠭᠰᠣᠵᠤ᠂ ᠶᠡᠬᠡ ᠬᠠᠭᠠᠨ ᠤ᠋ ᠬᠥᠯ ᠭᠢᠰᠬᠢᠬᠦ ᠠᠷᠢᠭᠤᠨ ᠭᠠᠵᠠᠷ ᠲᠤ᠌ ᠴᠠᠭᠠᠨ ᠰᠦ ᠡᠷᠭᠦᠨ ᠤᠭᠲᠤᠬᠤ ᠳ᠋ᠤ᠌ ᠪᠡᠯᠡᠨ ᠪᠣᠯᠵᠠᠢ᠃
ᠥᠨᠥ ᠳᠥᠴᠢᠨ ᠬᠣᠶᠠᠷ ᠨᠠᠰᠤᠲᠠᠢ ᠲᠤᠯᠤᠢ ᠡᠵᠡᠨ ᠦ᠌ ᠤᠤᠭᠠᠨ ᠬᠦᠦ ᠮᠥᠩᠬᠡ ᠠᠯᠲᠠᠨ ᠰᠢᠷ᠎ᠠ ᠬᠡ ᠲᠠᠲᠠᠭᠤᠯᠤᠭᠰᠠᠨ ᠴᠠᠭᠠᠨ ᠲᠣᠷᠭᠠᠨ ᠳᠡᠪᠡᠯ᠂ ᠴᠠᠭᠠᠨ ᠪᠤᠯᠠᠭᠠᠨ ᠮᠠᠯᠠᠭᠠᠢ ᠲᠠᠢ ᠪᠠᠢᠬᠤ ᠠᠭᠠᠳ᠂ ᠠᠯᠲᠠᠨ ᠪᠦᠰᠡ ᠪᠦᠰᠡᠯᠡᠨ ᠨᠡᠯᠦᠩᠬᠡᠢ ᠳ᠋ᠡᠭᠡᠨ ᠤᠭᠠᠯᠵᠠ ᠲᠠᠢ ᠠᠷᠠᠰᠤᠨ ᠭᠤᠲᠤᠯ ᠡᠮᠦᠰᠴᠡᠢ᠃ ᠬᠤᠷᠠᠭᠰᠠᠨ ᠣᠯᠠᠨ ᠤ᠋ ᠳᠤᠮᠳᠠᠭᠤᠷ ᠠᠯᠬᠤᠨ ᠶᠠᠪᠤᠬᠤ ᠮᠥᠩᠬᠡ ᠶ᠋ᠢᠨ ᠠᠷᠤ ᠡᠴᠡ ᠳᠡᠭᠦᠦ ᠠᠷᠢᠬᠪᠥ᠋ᠬᠡ᠂ ᠪᠠᠷᠠᠭᠤᠨ ᠲᠠᠯ᠎ᠠ ᠡᠴᠡ ᠳᠡᠭᠦᠦ ᠬᠤᠪᠢᠯᠠᠢ᠂ ᠵᠡᠭᠦᠨ ᠲᠠᠯ᠎ᠠ ᠡᠴᠡ ᠳᠡᠭᠦᠦ ᠬᠦᠯᠡᠬᠦ ᠨᠠᠷ ᠳᠥᠰᠢᠨ ᠶᠠᠪᠤᠭᠰᠠᠭᠠᠷ ᠬᠠᠭᠠᠨ ᠡᠵᠡᠨ ᠦ᠌ ᠥᠨᠳᠥᠷ ᠰᠡᠨᠳᠡᠢ ᠳ᠋ᠦ᠍ ᠵᠠᠯᠠᠨ ᠰᠠᠭᠤᠯᠭᠠᠪᠠ᠃
— ᠬᠠᠭᠠᠳ ᠤ᠋ᠨ ᠬᠠᠭᠠᠨ ᠮᠥᠩᠬᠡ᠂ ᠶᠡᠬᠡ ᠮᠣᠩᠭᠣᠯ ᠤ᠋ᠨ ᠡᠵᠡᠨ ᠬᠠᠭᠠᠨ ᠵᠠᠯᠠᠷᠠᠯ᠎ᠠ ᠬᠡᠮᠡᠬᠦ ᠶᠡᠬᠡ ᠳᠠᠭᠤ ᠨᠦᠷᠭᠢᠯᠡᠭᠰᠡᠨ ᠦ᠌ ᠳᠠᠷᠠᠭ᠎ᠠ ᠶᠡᠬᠡ ᠨᠠᠢᠷᠠᠯ ᠬᠥᠭᠵᠢᠮ ᠡᠭᠡᠰᠢᠭᠯᠡᠵᠦ᠂ ᠡᠩᠨᠡᠨ ᠵᠣᠭᠰᠣᠭᠰᠠᠨ ᠣᠯᠠᠨ ᠤᠤᠬᠠᠢ ᠨᠡᠮᠡᠯ᠎ᠡ᠃ ᠮᠥᠩᠬᠡ ᠬᠠᠭᠠᠨ ᠳᠡᠭᠡᠷ᠎ᠡ ᠬᠥᠬᠡᠷᠡᠭᠴᠢ ᠲᠩᠷᠢ ᠶ᠋ᠢ ᠬᠠᠷᠠᠵᠤ᠂
— ᠡᠴᠢᠭᠡ ᠡᠪᠦᠭᠡ ᠶ᠋ᠢᠨ ᠠᠷᠢᠭᠤᠨ ᠲᠠᠭᠰᠢᠨ ᠭᠠᠵᠠᠷ᠂ ᠡᠭᠡᠨᠡᠭᠲᠡ ᠮᠠᠨᠳᠤᠬᠤ ᠠᠯᠲᠠᠨ ᠨᠠᠷᠠ᠂ ᠮᠦᠩᠬᠡᠲᠡ ᠣᠷᠣᠰᠢᠬᠤ ᠬᠥᠬᠡ ᠲᠩᠷᠢ ᠰᠣᠨᠣᠰ᠃ ᠶᠡᠬᠡ ᠬᠠᠭᠠᠳ ᠤ᠋ᠨ ᠦᠨᠡᠨ ᠢ᠋ ᠦᠷᠭᠦᠯᠵᠢᠯᠡᠭᠦᠯᠵᠦ᠂ ᠦᠢᠯᠡ ᠬᠡᠷᠡᠭ ᠢ᠋ ᠨᠢ ᠵᠠᠯᠭᠠᠮᠵᠢᠯᠠᠨ᠂ ᠦᠨᠡᠨ ᠡᠴᠡ ᠭᠠᠵᠢᠬᠤ ᠦᠭᠡᠢ᠂ ᠬᠤᠳᠠᠯ ᠳ᠋ᠤ᠌ ᠤᠷᠪᠠᠬᠤ ᠦᠭᠡᠢ᠂ ᠠᠷᠠᠳ ᠣᠯᠠᠨ ᠳ᠋ᠠᠭᠠᠨ ᠡᠭᠡᠯᠢ ᠲᠡᠢ᠂ ᠠᠯᠲᠠᠨ ᠤᠷᠤᠭ ᠲᠤ᠌ ᠬᠦᠨᠳᠦᠯᠡᠯ ᠲᠡᠢ ᠬᠠᠭᠠᠨ ᠡᠵᠡᠨ ᠰᠠᠭᠤᠬᠤ ᠪᠠᠨ ᠠᠷᠢᠭᠤᠨ ᠭᠠᠯ ᠭᠣᠯᠣᠮᠲᠠ ᠶ᠋ᠢᠨ ᠢ᠋ᠶ᠋ᠡᠨ ᠡᠮᠦᠨ᠎ᠡ ᠪᠢ ᠠᠮᠠᠯᠠᠵᠤ ᠪᠠᠢᠨ᠎ᠠ ᠬᠡᠮᠡᠭᠡᠳ ᠬᠤᠷᠠᠭᠰᠠᠨ ᠣᠯᠠᠨ ᠢ᠋ ᠬᠠᠷᠠᠨ᠄
— ᠮᠥᠩᠬᠡ ᠬᠥᠬᠡ ᠲᠩᠷᠢ ᠳ᠋ᠦ᠍ ᠬᠤᠷᠠᠬᠤ ᠡᠭᠦᠯᠡ ᠦᠭᠡᠢ ᠡᠨᠡ ᠡᠳᠦᠷ ᠲᠩᠷᠢ ᠪᠢᠳᠡᠨ ᠢ᠋ ᠢᠪᠡᠭᠡᠵᠦ᠂ ᠲᠡᠷᠡ ᠥᠪᠡᠷ ᠤ᠋ᠨ ᠵᠥᠪᠰᠢᠶᠡᠷᠡᠯ ᠢ᠋ᠶ᠋ᠡᠨ ᠢᠯᠡᠭᠡᠭᠰᠡᠨ ᠭᠡᠮᠡᠨ ᠰᠡᠳᠬᠢᠨ᠎ᠡ᠃ ᠶᠡᠬᠡ ᠮᠣᠩᠭᠣᠯ ᠤ᠋ᠨ ᠳᠡᠭᠡᠷ᠎ᠡ ᠬᠥᠬᠡᠷᠡᠭᠴᠢ ᠮᠥᠩᠬᠡ ᠲᠩᠷᠢ᠂ ᠶᠡᠬᠡ ᠬᠠᠭᠠᠳ ᠤ᠋ᠨ ᠠᠷᠢᠭᠤᠨ ᠲᠠᠭᠰᠢᠨ ᠭᠠᠵᠠᠷ ᠡᠭᠡᠨᠡᠭᠲᠡ ᠪᠢᠳᠡᠨ ᠢ᠋ ᠢᠪᠡᠭᠡᠬᠦ ᠪᠣᠯᠲᠤᠭᠠᠢ᠃ ᠬᠠᠭᠠᠨ ᠡᠵᠡᠨ ᠪᠢ ᠡᠨᠡ ᠡᠳᠦᠷ ᠬᠥᠮᠦᠨ ᠪᠦᠷᠢ ᠶ᠋ᠢ ᠠᠮᠠᠷᠠᠭᠠᠵᠤ᠂ ᠠᠮᠢᠲᠠᠳ ᠢ᠋ ᠠᠵᠢᠯ ᠳ᠋ᠤᠨᠢ ᠵᠢᠳᠬᠦᠭᠦᠯᠵᠦ᠂ ᠠᠴᠢᠶ᠎ᠠ ᠬᠥᠰᠬᠡ ᠵᠥᠭᠡᠭᠡᠯᠭᠡᠬᠦ᠂ ᠭᠠᠵᠠᠷ ᠲᠤ᠌ ᠮᠠᠢᠬᠠᠨ ᠤ᠋ ᠭᠠᠳᠠᠰᠤ ᠰᠢᠭᠠᠬᠤ᠂ ᠭᠣᠣᠯ ᠤ᠋ᠨ ᠤᠰᠤ ᠪᠤᠷᠲᠠᠭᠯᠠᠬᠤ᠂ ᠠᠩ ᠬᠦᠷᠦᠭᠡ ᠠᠩᠨᠠᠬᠤ᠂ ᠮᠠᠯ ᠨᠢᠲᠤᠯᠬᠤ ᠳ᠋ᠠᠭᠠᠨ ᠴᠢᠰᠤ ᠶ᠋ᠢ ᠨᠢ ᠭᠠᠵᠠᠷ ᠲᠤ᠌ ᠲᠠᠰᠢᠭᠤᠬᠠᠨ ᠳᠤᠰᠤᠭᠠᠬᠤ ᠶ᠋ᠢ ᠬᠠᠲᠠᠭᠤ ᠬᠣᠷᠢᠭᠯᠠᠵᠤ ᠪᠠᠢᠨ᠎ᠠ ᠭᠡᠮᠡᠨ ᠵᠠᠷᠯᠢᠭᠳᠠᠪᠠ᠃
ᠬᠠᠭᠠᠨ ᠤ᠋ ᠡᠬᠡ ᠰᠤᠷᠬᠠᠭᠳᠠᠨᠢ ᠬᠠᠲᠤᠨ ᠣᠯᠠᠨ ᠤ᠋ ᠡᠮᠦᠨ᠎ᠡ ᠭᠠᠷᠴᠤ ᠢᠷᠡᠯ᠎ᠡ᠃ ᠲᠡᠷᠡ ᠭᠠᠷ ᠲᠠᠭᠠᠨ ᠠᠯᠲᠠᠨ ᠬᠠᠢᠷᠴᠠᠭ ᠪᠠᠷᠠᠵᠠᠢ᠃ ᠵᠦᠩ ᠳᠠᠭᠠᠭᠤᠯᠤᠨ ᠢᠷᠡᠭᠰᠡᠨ ᠵᠡᠭᠦᠳᠦᠨ ᠦ᠌ ᠲᠠᠢᠯᠤᠯ ᠪᠣᠯᠤᠭᠰᠠᠨ ᠠᠯᠲᠠᠨ ᠬᠠᠢᠷᠴᠠᠭ ᠥᠨᠥ ᠶᠡᠬᠡ ᠬᠠᠭᠠᠨ ᠤ᠋ ᠣᠩᠭᠣᠨ ᠰᠢᠲᠦᠭᠡᠨ ᠦ᠌ ᠦᠷᠭᠦᠭᠡᠨ ᠡᠴᠡ ᠡᠨᠳᠡ ᠵᠠᠯᠠᠭᠳᠠᠨ ᠢᠷᠡᠭᠰᠡᠨ ᠪᠠᠢᠪᠠ᠃ ᠰᠤᠷᠬᠠᠭᠳᠠᠨᠢ ᠬᠠᠲᠤᠨ᠄
— ᠠᠭᠤᠯᠠ ᠥᠨᠳᠥᠷ ᠪᠣᠯᠪᠠᠴᠤ ᠣᠷᠣᠢ ᠳ᠋ᠤᠨᠢ ᠭᠠᠷᠤᠭᠰᠠᠨ ᠬᠥᠮᠦᠨ ᠠᠭᠤᠯᠠᠨ ᠡᠴᠡ ᠥᠨᠳᠥᠷ ᠪᠣᠯᠳᠠᠭ᠃ ᠲᠩᠷᠢ ᠣᠢᠷᠠᠲᠤᠨ ᠣᠴᠢᠭᠰᠠᠨ ᠲᠡᠷᠡ ᠬᠥᠮᠦᠨ ᠪᠣᠯ ᠬᠠᠭᠠᠨ ᠡᠵᠡᠨ ᠶᠤᠮ᠃ ᠬᠥᠮᠦᠨ ᠬᠡᠳᠦᠢ ᠥᠨᠳᠥᠷ ᠲᠦ᠍ ᠭᠠᠷᠤᠭᠰᠠᠨ ᠴᠤ᠌ ᠠᠭᠤᠯᠠᠨ ᠳᠡᠭᠡᠷ᠎ᠡ ᠵᠣᠭᠰᠣᠵᠤ ᠪᠠᠢᠭ᠎ᠠ ᠪᠠᠨ ᠮᠠᠷᠲᠠᠵᠤ ᠪᠣᠯᠬᠤ ᠦᠭᠡᠢ᠂ ᠲᠡᠨᠳᠡ ᠡᠴᠡ ᠪᠦᠬᠦ ᠶᠠᠭᠤᠮ᠎ᠠ ᠢᠯᠡᠬᠡᠨ ᠬᠠᠷᠠᠭᠳᠠᠬᠤ ᠲᠤᠯᠠ ᠵᠥᠪᠬᠡᠨ ᠲᠩᠷᠢ ᠶ᠋ᠢ ᠪᠤᠰᠤ᠂ ᠥᠪᠡᠷ ᠤ᠋ᠨ ᠳᠣᠣᠷ᠎ᠠ ᠪᠠᠢᠭ᠎ᠠ ᠠᠭᠤᠯᠠ᠂ ᠤᠰᠤ᠂ ᠥᠷᠭᠡᠨ ᠲᠠᠯ᠎ᠠ ᠨᠤᠲᠤᠭ ᠢ᠋ ᠬᠠᠷ᠎ᠠ᠃ ᠠᠯᠠᠭᠠᠨ ᠳᠡᠭᠡᠷ᠎ᠡ ᠳᠡᠯᠭᠡᠷᠡᠭᠰᠡᠨ ᠮᠡᠲᠦ ᠬᠠᠷᠠᠭᠳᠠᠬᠤ ᠶᠡᠬᠡ ᠲᠠᠯ᠎ᠠ ᠶ᠋ᠢᠨ ᠳᠤᠮᠳᠠ ᠡᠴᠡ ᠦᠨᠡᠨ ᠢ᠋ ᠣᠯ᠃ ᠥᠪᠡᠷ ᠤ᠋ᠨ ᠳᠣᠣᠷ᠎ᠠ ᠪᠠᠢᠭ᠎ᠠ ᠠᠭᠤᠯᠠ᠂ ᠥᠷᠭᠡᠨ ᠲᠠᠯ᠎ᠠ ᠨᠤᠲᠤᠭ ᠪᠣᠯ ᠠᠷᠠᠳ ᠣᠯᠠᠨ ᠶᠤᠮ᠃ ᠴᠣᠬᠣᠮ ᠶᠠᠭᠤᠨ ᠳᠡᠭᠡᠷ᠎ᠡ ᠭᠠᠷᠴᠤ ᠲᠩᠷᠢ ᠳ᠋ᠦ᠍ ᠣᠢᠷᠠᠬᠠᠨ ᠵᠣᠭᠰᠣᠵᠤ ᠪᠠᠢᠭ᠎ᠠ ᠪᠠᠨ ᠬᠠᠭᠠᠨ ᠬᠥᠮᠦᠨ ᠮᠠᠷᠲᠠᠬᠤ ᠤᠴᠢᠷ ᠦᠭᠡᠢ ᠭᠡᠮᠡᠨ ᠭᠠᠷ ᠲᠠᠭᠠᠨ ᠪᠠᠷᠢᠭᠰᠠᠨ ᠠᠯᠲᠠᠨ ᠬᠠᠢᠷᠴᠠᠭ ᠤ᠋ᠨ ᠠᠮᠠ ᠶ᠋ᠢ ᠨᠡᠭᠡᠭᠡᠨ ᠬᠠᠭᠠᠨ ᠡᠵᠡᠨ ᠳ᠋ᠦ᠍ ᠪᠠᠷᠢᠪᠠ᠃ ᠮᠥᠩᠬᠡ ᠬᠠᠭᠠᠨ ᠬᠠᠢᠷᠴᠠᠭ ᠳᠣᠲᠣᠷᠠᠬᠢ ᠶ᠋ᠢ ᠬᠠᠷᠠᠪᠠᠯ ᠳᠥᠷᠪᠡᠨ ᠠᠯᠲᠠᠨ ᠦᠷᠢᠯ ᠭᠢᠯᠠᠯᠵᠠᠨ ᠬᠠᠷᠠᠭᠳᠠᠨ᠎ᠠ᠃ ᠶᠡᠬᠡ ᠬᠠᠭᠠᠨ ᠤ᠋ ᠦᠶ᠎ᠡ ᠡᠴᠡ ᠡᠨᠡ ᠬᠠᠢᠷᠴᠠᠭ ᠢ᠋ ᠰᠠᠢᠨ ᠮᠡᠳᠡᠬᠦ ᠬᠥᠮᠦᠨ ᠮᠥᠩᠬᠡ ᠪᠢᠯᠡ᠃ ᠭᠡᠪᠡᠴᠦ ᠬᠠᠲᠤᠨ ᠡᠬᠡ ᠨᠢ ᠡᠨᠡ ᠤᠳᠠᠭ᠎ᠠ ᠳ᠋ᠤ᠌ ᠶᠡᠬᠡ ᠡᠵᠡᠨ ᠦ᠌ ᠣᠩᠭᠣᠨ ᠰᠢᠲᠦᠭᠡᠨ ᠦ᠌ ᠦᠷᠭᠦᠭᠡᠨ ᠳ᠋ᠦ᠍ ᠥᠨᠥ ᠶ᠋ᠢ ᠬᠦᠷᠲᠡᠯ᠎ᠡ ᠵᠠᠯᠠᠭ᠎ᠠ ᠲᠠᠢ ᠪᠣᠢ ᠠᠯᠲᠠᠨ ᠬᠠᠢᠷᠴᠠᠭ ᠢ᠋ ᠥᠪᠡᠷ ᠲᠤᠨᠢ ᠪᠠᠷᠢᠵᠤ ᠪᠠᠢᠭ᠎ᠠ ᠶ᠋ᠢ ᠤᠬᠠᠵᠤ ᠣᠢᠯᠠᠭᠠᠭᠰᠠᠨ ᠦᠭᠡᠢ᠃ ᠰᠤᠷᠬᠠᠭᠳᠠᠨᠢ ᠬᠠᠲᠤᠨ᠄
— ᠡᠨᠡ ᠳᠥᠷᠪᠡᠨ ᠦᠷᠢᠯ ᠮᠢᠨᠦ ᠳᠥᠷᠪᠡᠨ ᠬᠦᠦ ᠪᠢᠵᠡ᠃ ᠡᠭᠦᠨ ᠢ᠋ ᠠᠭᠤᠯᠵᠤ ᠪᠣᠢ ᠠᠯᠲᠠᠨ ᠬᠠᠢᠷᠴᠠᠭ ᠶᠡᠬᠡ ᠮᠣᠩᠭᠣᠯ ᠪᠢᠵᠡ᠂ ᠳᠥᠷᠪᠡᠨ ᠦᠷᠢᠯ ᠠᠯᠲᠠᠨ ᠬᠠᠢᠷᠴᠠᠭ ᠳᠣᠲᠣᠷ᠎ᠠ ᠳᠥᠷᠪᠡᠭᠦᠯᠡ ᠦᠷᠭᠦᠯᠵᠢ ᠬᠠᠮᠲᠤ ᠪᠠᠢᠭᠰᠠᠨ ᠱᠢᠭ᠋ ᠮᠢᠨᠦ ᠳᠥᠷᠪᠡᠨ ᠬᠦᠦ ᠲᠥᠷᠥ ᠤᠯᠤᠰ ᠢ᠋ᠶ᠋ᠠᠨ ᠵᠠᠰᠠᠵᠤ᠂ ᠨᠢᠭᠡᠨ ᠳᠡᠭᠡᠪᠦᠷ ᠳᠣᠣᠷ᠎ᠠ ᠦᠷᠭᠦᠯᠵᠢ ᠬᠠᠮᠲᠤ ᠪᠠᠢᠬᠤ ᠶ᠋ᠢ ᠪᠡᠯᠭᠡᠳᠡᠨ ᠬᠠᠭᠠᠨ ᠬᠦᠦ ᠳ᠋ᠡᠭᠡᠨ ᠪᠠᠷᠢᠪᠠ ᠬᠡᠮᠡᠯ᠎ᠡ᠃ ᠮᠥᠩᠬᠡ ᠬᠠᠭᠠᠨ᠄
— ᠨᠢᠭᠡᠳᠦᠨ ᠨᠡᠢᠯᠡᠬᠦ ᠳ᠋ᠡᠭᠡᠨ ᠬᠦᠴᠦ ᠲᠡᠢ ᠪᠠᠢᠳᠠᠭ᠃ ᠮᠥᠩᠬᠡ ᠲᠩᠷᠢ ᠶ᠋ᠢᠨ ᠦᠨᠡᠨ ᠢ᠋ ᠰᠠᠨᠠᠵᠤ᠂ ᠡᠬᠡ ᠶ᠋ᠢᠨ ᠦᠭᠡ ᠶ᠋ᠢ ᠮᠠᠷᠲᠠᠬᠤ ᠦᠭᠡᠢ ᠶᠠᠪᠤᠬᠤ ᠪᠣᠯᠤᠨ᠎ᠠ ᠬᠡᠮᠡᠯ᠎ᠡ᠃
ᠬᠤᠷᠠᠯᠳᠠᠢ ᠳᠣᠯᠣᠭᠠᠨ ᠬᠣᠨᠣᠭ ᠤ᠋ᠨ ᠲᠤᠷᠰᠢ ᠦᠷᠭᠦᠯᠵᠢᠯᠡᠵᠦ᠂ ᠡᠳᠦᠷ ᠪᠦᠷᠢ ᠭᠤᠷᠪᠠᠨ ᠵᠠᠭᠤᠨ ᠠᠳᠤᠭᠤ ᠦᠬᠡᠷ᠂ ᠭᠤᠷᠪᠠᠨ ᠮᠢᠩᠭᠠᠨ ᠬᠣᠨᠢ ᠢᠮᠠᠭ᠎ᠠ᠂ ᠬᠣᠶᠠᠷ ᠮᠢᠩᠭᠠᠨ ᠲᠡᠷᠭᠡ ᠠᠢᠷᠠᠭ ᠤᠤᠭᠤᠵᠤ ᠴᠡᠩᠭᠡᠨ᠂ ᠬᠠᠭᠠᠨ ᠡᠷᠭᠦᠮᠵᠢᠯᠡᠬᠦ ᠶᠣᠰᠣᠯᠠᠯ ᠢᠳᠡ ᠳᠤᠮᠳᠠ ᠪᠠᠨ ᠶᠠᠪᠤᠵᠤ ᠪᠠᠢᠬᠤ ᠳ᠋ᠤ᠌ ᠭᠡᠨᠡᠳᠲᠡ ᠶ᠋ᠢᠨ ᠵᠣᠴᠢᠳ ᠢᠷᠡᠵᠦ᠂ ᠬᠠᠭᠠᠨ ᠡᠵᠡᠨ ᠳ᠋ᠦ᠍ ᠪᠠᠷᠠᠯᠬᠠᠬᠤ ᠬᠦᠰᠡᠯᠲᠡ ᠪᠡᠨ ᠢᠯᠡᠭᠡᠪᠡ᠃ ᠬᠠᠭᠠᠨ ᠡᠵᠡᠨ ᠦ᠌ ᠡᠮᠦᠨ᠎ᠡ ᠲᠣᠯᠣᠭᠠᠢ ᠭᠣᠳᠣᠢᠨ ᠰᠠᠭᠤᠬᠤ ᠬᠥᠮᠦᠰ ᠴᠠᠭᠠᠲᠠᠢ ᠶ᠋ᠢᠨ ᠬᠥᠪᠡᠭᠦᠳ ᠪᠣᠯᠬᠤ ᠬᠠᠷ᠎ᠠ ᠦᠯᠡᠬᠦ᠂ ᠬᠥᠶᠦᠭ ᠤ᠋ᠨ ᠬᠦᠦ ᠬᠤᠵᠠ ᠨᠠᠷ ᠪᠠᠢᠯ᠎ᠠ᠃ ᠭᠤᠷᠪᠠᠨ ᠲᠦᠮᠡᠨ ᠴᠡᠷᠢᠭ ᠲᠡᠢ ᠪᠡᠷᠬᠡ ᠶ᠋ᠢᠨ ᠬᠠᠲᠠᠭᠤ ᠬᠢᠨᠠᠯᠲᠠ ᠳᠣᠣᠷ᠎ᠠ ᠥᠷᠨᠢᠵᠦ ᠪᠠᠢᠭᠰᠠᠨ ᠶᠡᠬᠡ ᠬᠤᠷᠠᠯᠳᠠᠢ ᠶ᠋ᠢᠨ ᠳᠤᠮᠳᠠᠭᠤᠷ ᠡᠨᠡ ᠬᠥᠮᠦᠰ ᠬᠠᠭᠠᠨ ᠡᠵᠡᠨ ᠳ᠋ᠦ᠍ ᠬᠦᠨᠳᠦᠳᠬᠡᠯ ᠢᠯᠡᠷᠬᠡᠢᠯᠡᠨ᠂ ᠰᠢᠨ᠎ᠡ ᠬᠠᠭᠠᠨ ᠢ᠋ ᠵᠥᠪᠰᠢᠶᠡᠷᠡᠬᠦ ᠪᠡᠷ ᠢᠷᠡᠯ᠎ᠡ ᠭᠡᠳᠡᠭ ᠢ᠋ᠶ᠋ᠡᠨ ᠬᠡᠯᠡᠭᠰᠡᠨ ᠲᠤᠯᠠ ᠬᠠᠭᠠᠨ ᠤ᠋ ᠡᠮᠦᠨ᠎ᠡ ᠠᠪᠴᠢᠷᠠᠵᠠᠢ᠃ ᠮᠥᠩᠬᠡ ᠬᠠᠭᠠᠨ ᠤ᠋ ᠡᠮᠦᠨ᠎ᠡ ᠰᠥᠬᠥᠷᠡᠨ ᠰᠠᠭᠤᠬᠤ ᠬᠠᠷ᠎ᠠ ᠦᠯᠡᠬᠦ᠄
— ᠬᠠᠭᠠᠳ ᠤ᠋ᠨ ᠬᠠᠭᠠᠨ ᠮᠥᠩᠬᠡ ᠲᠠᠨ ᠤ᠋ ᠰᠦᠷ ᠬᠦᠴᠦᠨ ᠳᠣᠣᠷ᠎ᠠ ᠨᠢᠭᠡᠳᠴᠦ᠂ ᠡᠴᠢᠭᠡ ᠡᠪᠦᠭᠡ ᠶ᠋ᠢᠨ ᠭᠠᠯ ᠭᠣᠯᠣᠮᠲᠠ ᠶ᠋ᠢ ᠬᠠᠳᠠᠭᠠᠯᠠᠭᠰᠠᠨ ᠠᠷᠢᠭᠤᠨ ᠭᠠᠵᠠᠷ ᠨᠠᠢᠷᠠᠮᠳᠠᠨ᠂ ᠬᠠᠭᠠᠨ ᠡᠵᠡᠨ ᠳ᠋ᠦ᠍ ᠴᠢᠨᠠᠭᠰᠢᠳᠠ ᠦᠨᠡᠨᠴᠢ ᠵᠢᠳᠬᠦᠬᠦ ᠪᠡᠨ ᠠᠮᠠᠯᠠᠨ ᠢᠷᠡᠯ᠎ᠡ ᠬᠡᠮᠡᠪᠡ᠃ ᠮᠥᠩᠬᠡ ᠬᠠᠭᠠᠨ᠄
—ᠨᠢᠭᠡᠨᠲᠡ ᠵᠥᠪ ᠰᠠᠨᠠᠭ᠎ᠠ ᠡᠪᠦᠷᠯᠡᠨ ᠢᠷᠡᠭᠰᠡᠨ ᠲᠤᠯᠠ ᠪᠢ ᠠᠯᠲᠠᠨ ᠤᠷᠤᠭ ᠤ᠋ᠨ ᠠᠬᠠᠨ ᠳᠡᠭᠦᠦᠰ ᠢ᠋ᠶ᠋ᠡᠨ ᠨᠠᠢᠷ ᠴᠡᠩᠭᠡᠯ ᠤ᠋ᠨ ᠬᠣᠢᠮᠣᠷ ᠲᠤ᠌ ᠤᠷᠢᠵᠤ ᠪᠠᠢᠨ᠎ᠠ ᠬᠡᠮᠡᠭᠡᠳ ᠲᠡᠳᠡᠨ ᠢ᠋ ᠳᠡᠭᠡᠭᠰᠢ ᠰᠠᠭᠤᠯᠭᠠᠨ ᠢᠳᠡᠭᠡ ᠴᠠᠭ᠎ᠠ ᠪᠠᠷ ᠳᠠᠢᠯᠠᠬᠤ ᠳ᠋ᠤ᠌ ᠡᠷᠭᠦᠭᠳᠡᠯᠡ᠃ ᠮᠥᠩᠬᠡ ᠬᠠᠭᠠᠨ ᠲᠡᠳᠡᠨ ᠦ᠌ ᠲᠤᠬᠠᠢ ᠠᠵᠢᠭ ᠰᠡᠵᠢᠭ ᠠᠪᠤᠭ᠎ᠠ ᠦᠭᠡᠢ ᠪᠣᠯᠤᠯᠲᠠᠢ᠃ ᠶᠡᠬᠡ ᠴᠡᠩᠭᠡᠯ ᠢᠳᠡ ᠳᠤᠮᠳᠠ ᠪᠠᠨ ᠣᠷᠣᠯ᠎ᠠ᠃
— ᠣᠯᠠᠨ ᠪᠦᠷᠭᠦᠳ ᠤ᠋ᠨ ᠣᠷᠣᠨ ᠨᠢ ᠬᠠᠷᠢ ᠬᠣᠯᠠ ᠶ᠋ᠢᠨ ᠨᠤᠲᠤᠭ ᠳᠠ
ᠣᠩᠭᠣᠨ ᠵᠡᠷᠯᠢᠭ ᠲᠠᠯ᠎ᠠ ᠨᠢ ᠮᠣᠩᠭᠣᠯ ᠲᠦᠮᠡᠨ ᠦ᠌ ᠥᠯᠥᠭᠡᠢ ᠳᠡ
ᠬᠤᠷᠴᠠ ᠪᠦᠷᠭᠦᠳ ᠤ᠋ᠨ ᠨᠤᠲᠤᠭ ᠨᠢ ᠬᠠᠳᠠᠲᠤ ᠥᠨᠳᠥᠷ ᠠᠭᠤᠯᠠ ᠳᠠ
ᠬᠤᠨ ᠴᠢᠭᠤᠯᠤᠭᠰᠠᠨ ᠬᠡᠷᠦᠯᠦᠨ ᠭᠣᠣᠯ ᠡᠵᠡᠨ ᠬᠠᠭᠠᠨ ᠤ᠋ ᠨᠤᠲᠤᠭ ᠳᠠ
ᠭᠡᠮᠡᠨ ᠠᠶᠠᠯᠭᠤᠯᠤᠨ ᠳᠠᠭᠤᠯᠠᠬᠤ ᠳᠠᠭᠤ ᠰᠣᠨᠣᠰᠤᠭᠳᠠᠨ ᠲᠡᠷᠲᠡᠭᠡ ᠡᠴᠡ ᠣᠯᠠᠨ ᠲᠡᠮᠡᠭᠡ ᠲᠠᠭᠤᠭᠰᠠᠨ ᠬᠥᠮᠦᠨ ᠬᠥᠲᠥᠯ ᠳᠠᠪᠠᠨ ᠭᠠᠷᠴᠤ ᠢᠷᠡᠪᠡ᠃ ᠬᠥᠲᠥᠯ ᠤ᠋ᠨ ᠴᠠᠭᠠᠬᠠᠨ᠎ᠠ ᠲᠠᠢ ᠶᠡᠬᠡ ᠴᠡᠷᠢᠭ ᠵᠡᠷᠭᠡᠴᠡᠨ ᠵᠢᠭᠰᠠᠭᠰᠠᠨ ᠪᠠᠢᠬᠤ ᠶ᠋ᠢ ᠦᠵᠡᠭᠡᠳ ᠲᠡᠮᠡᠭᠡᠨ ᠦ᠌ ᠪᠡᠨ ᠨᠢᠷᠤᠭᠤᠨ ᠡᠴᠡ ᠭᠤᠯᠠᠰᠤᠨ ᠪᠠᠭᠤᠵᠤ ᠭᠠᠵᠠᠷ ᠲᠤ᠌ ᠬᠡᠪᠲᠡᠨ ᠣᠷᠴᠢᠨ ᠢ᠋ ᠠᠵᠢᠭᠯᠠᠨ ᠬᠠᠷᠠᠯ᠎ᠠ᠃《ᠲᠥᠷᠥ ᠡᠵᠡᠨ ᠲᠡᠢ ᠪᠣᠯᠵᠤ᠂ ᠲᠦᠮᠡᠨ ᠣᠯᠠᠨ ᠪᠡᠶᠡᠰᠦᠨ ᠴᠢᠭᠤᠯᠵᠤ᠂ ᠬᠥᠳᠡᠭᠡ ᠠᠷᠠᠯ ᠤ᠋ᠨ ᠳᠡᠨᠵᠢ ᠳᠡᠭᠡᠷ᠎ᠡ ᠶᠡᠬᠡ ᠪᠠᠶᠠᠷ ᠴᠡᠩᠭᠡᠯ ᠢᠳᠡ ᠳᠤᠮᠳᠠ ᠪᠠᠨ ᠶᠠᠪᠤᠵᠤ ᠪᠠᠢᠬᠤ ᠳ᠋ᠤ᠌ ᠡᠨᠳᠡ ᠶᠠᠭᠤᠨ ᠶᠡᠬᠡ ᠴᠡᠷᠢᠭ ᠪᠠᠢᠳᠠᠭ ᠪᠢᠯᠡ》ᠭᠡᠮᠡᠨ ᠪᠣᠳᠣᠬᠤ ᠳ᠋ᠤ᠌ ᠨᠢᠭᠡ ᠯᠡ ᠰᠡᠵᠢᠭ ᠲᠡᠢ ᠰᠠᠨᠠᠭᠳᠠᠭᠰᠠᠨ ᠲᠤᠯᠠ ᠲᠡᠮᠡᠭᠡ ᠪᠡᠨ ᠬᠥᠲᠥᠯᠦᠨ ᠮᠥᠯᠬᠥᠭᠰᠡᠭᠡᠷ ᠬᠥᠲᠥᠯ ᠤ᠋ᠨ ᠴᠠᠭᠠᠳᠤ ᠳᠡᠭᠡᠭᠦᠷ ᠳᠠᠪᠠᠩᠭᠤᠲᠠ ᠪᠠᠨ ᠲᠡᠮᠡᠭᠡᠨ ᠦ᠌ ᠪᠡᠨ ᠨᠢᠷᠤᠭᠤᠨ ᠳᠡᠭᠡᠷ᠎ᠡ ᠦᠰᠦᠷᠴᠦ ᠮᠣᠷᠳᠠᠭᠠᠳ ᠬᠥᠳᠡᠭᠡ ᠠᠷᠠᠯ ᠤ᠋ᠨ ᠵᠦᠭ ᠬᠤᠷᠳᠤᠯᠠᠯᠠ᠃ ᠬᠡᠷᠦᠯᠦᠨ ᠦ᠌ ᠬᠥᠳᠡᠭᠡ ᠠᠷᠠᠯ ᠡᠴᠡ ᠭᠤᠷᠪᠠᠨ ᠡᠳᠦᠷ ᠤ᠋ᠨ ᠵᠠᠢ ᠳ᠋ᠤ᠌ ᠶᠡᠬᠡ ᠴᠡᠷᠢᠭ ᠪᠠᠢᠷᠢ ᠪᠠᠨ ᠡᠵᠡᠯᠡᠵᠡᠢ᠃ ᠲᠡᠳᠡᠨ ᠦ᠌ ᠡᠮᠦᠨ᠎ᠡ ᠭᠦᠶᠦᠭ ᠤ᠋ᠨ ᠬᠦᠦ ᠨᠠᠭᠤ᠂ ᠥᠭᠡᠳᠡᠢ ᠶ᠋ᠢᠨ ᠠᠴᠢ ᠰᠢᠷᠡᠮᠦᠨ ᠨᠠᠷ ᠶᠡᠬᠡᠳᠡ ᠨᠤᠬᠤᠴᠠ ᠲᠠᠢ ᠶᠠᠷᠢᠯᠴᠠᠨ ᠪᠠᠢᠪᠠ᠃ ᠰᠢᠷᠡᠮᠦᠨ᠄
— ᠣᠳᠣ ᠳᠠᠬᠢᠨ ᠨᠢᠭᠡ ᠬᠣᠨᠣᠭ ᠬᠦᠯᠢᠶᠡᠶ᠎ᠡ᠃ ᠬᠠᠭᠠᠨ ᠬᠠᠷᠠᠴᠤ ᠦᠭᠡᠢ ᠶᠡᠬᠡ ᠨᠠᠢᠷ ᠤ᠋ᠨ ᠬᠥᠯ ᠳ᠋ᠦ᠍ ᠳᠠᠷᠤᠭᠤᠯᠤᠨ ᠲᠡᠩᠬᠡᠯ ᠠᠯᠳᠠᠷᠠᠬᠤ ᠴᠠᠭ ᠢ᠋ᠶ᠋ᠠᠷ ᠦᠦᠷ ᠤ᠋ᠨ ᠴᠠᠭᠠᠨ ᠭᠡᠭᠡᠨ ᠢ᠋ᠶ᠋ᠡᠷ ᠳᠠᠭᠠᠷᠢᠶ᠎ᠠ ᠭᠡᠬᠦ ᠳ᠋ᠦ᠍ ᠨᠠᠭᠤ᠄
— ᠮᠥᠩᠬᠡ ᠲᠩᠷᠢ ᠪᠢᠳᠡᠨ ᠢ᠋ ᠡᠨᠡ ᠭᠠᠵᠠᠷ ᠰᠢᠷᠣᠢ ᠶ᠋ᠢᠨ ᠡᠵᠡᠨ ᠭᠡᠵᠦ ᠬᠡᠯᠡᠭᠦᠯᠦᠭᠰᠡᠨ ᠭᠡᠮᠡᠨ ᠪᠠᠭᠤᠭᠰᠠᠨ ᠪᠥᠬᠡ ᠶ᠋ᠢᠨ ᠦᠭᠡᠨ ᠳ᠋ᠦ᠍ ᠢᠲᠡᠭᠡᠨ᠎ᠡ᠃ ᠡᠨᠡ ᠭᠠᠵᠠᠷ ᠰᠢᠷᠣᠢ ᠶ᠋ᠢᠨ ᠡᠵᠡᠨ ᠬᠡᠨ ᠪᠣᠯᠬᠤ ᠶ᠋ᠢ ᠡᠨᠡ ᠲᠤᠯᠤᠭᠠᠳ ᠬᠠᠷᠠᠭᠤᠯᠬᠤ ᠪᠢᠵᠡ ᠬᠡᠮᠡᠪᠡ᠃ ᠰᠢᠷᠡᠮᠦᠨ᠄
— ᠮᠥᠩᠬᠡ ᠲᠩᠷᠢ ᠪᠦᠭᠦᠳᠡ ᠶ᠋ᠢ ᠬᠠᠷᠠᠵᠤ ᠪᠠᠢᠭ᠎ᠠ᠃ ᠬᠠᠭᠠᠨ ᠤ᠋ ᠦᠷ᠎ᠡ ᠬᠠᠭᠠᠨ ᠪᠣᠯᠳᠠᠭ ᠬᠠᠤᠯᠢ ᠲᠩᠷᠢ ᠶ᠋ᠢᠨ ᠬᠠᠤᠯᠢ ᠪᠠᠷ ᠣᠷᠣᠰᠢᠳᠠᠭ ᠠᠲᠠᠯ᠎ᠠ ᠲᠥᠷᠥ ᠶ᠋ᠢ ᠪᠤᠯᠢᠶᠠᠭᠰᠠᠨ ᠲᠤᠯᠤᠢ ᠶ᠋ᠢᠨ ᠬᠢᠨ᠂ ᠲᠡᠳᠡᠨ ᠢ᠋ ᠳᠡᠮᠵᠢᠭᠰᠡᠨ ᠪᠠᠲᠤ ᠲᠠᠢ ᠬᠡᠨ ᠳᠡᠢᠯᠬᠦ ᠪᠡᠨ ᠦᠵᠡᠬᠦ ᠴᠠᠭ ᠣᠢᠷᠠᠲᠤᠭᠰᠠᠭᠠᠷ ᠪᠠᠢᠨ᠎ᠠ ᠭᠡᠮᠡᠨ ᠰᠢᠲᠦ ᠵᠠᠭᠤᠨ ᠥᠭᠦᠯᠡᠪᠡ᠃
ᠲᠡᠳᠡᠨ ᠢ᠋ ᠢᠩᠭᠢᠵᠦ ᠭᠡᠨᠡᠳᠡᠭᠦᠯᠦᠨ ᠳᠠᠭᠠᠷᠢᠬᠤ ᠪᠠᠷ ᠵᠡᠬᠡᠵᠦ ᠪᠠᠢᠬᠤ ᠶ᠋ᠢ ᠨᠢᠭᠤᠴᠠ ᠪᠠᠷ ᠬᠠᠷᠠᠨ ᠲᠡᠮᠡᠭᠡᠨ ᠳ᠋ᠡᠭᠡᠨ ᠮᠣᠷᠳᠠᠨ ᠬᠥᠳᠡᠭᠡ ᠠᠷᠠᠯ ᠢ᠋ ᠵᠣᠷᠢᠭᠰᠠᠨ ᠬᠥᠮᠦᠨ ᠪᠣᠯ ᠮᠡᠩᠭᠦᠳ ᠠᠢᠮᠠᠭ ᠤ᠋ᠨ ᠬᠡᠰᠢᠭᠲᠦ ᠨᠡᠷ᠎ᠡ ᠲᠡᠢ ᠲᠡᠮᠡᠭᠡᠴᠢᠨ ᠪᠠᠢᠯ᠎ᠠ᠃ ᠬᠡᠰᠢᠭᠲᠦ ᠨᠢᠭᠡᠨᠲᠡ ᠭᠡᠷ ᠣᠷᠣᠨ ᠮᠠᠯ ᠠᠬᠤᠢ ᠪᠠᠨ ᠪᠠᠷᠠᠭᠠᠳ ᠬᠠᠷᠠᠬᠣᠷᠣᠮ ᠤ᠋ᠨ ᠭᠠᠳᠠᠭ᠎ᠠ ᠭᠣᠶᠣᠯᠭ᠎ᠠ ᠭᠤᠶᠤᠬᠤ ᠳ᠋ᠠᠭᠠᠨ ᠲᠤᠯᠤᠨ᠂ ᠥᠭᠯᠢᠭᠡ ᠬᠡᠰᠢᠭ ᠭᠣᠷᠢᠯᠠᠨ ᠰᠠᠭᠤᠬᠤ ᠪᠣᠯᠤᠭᠰᠠᠨ ᠲᠡᠷᠡ ᠦᠶ᠎ᠡ ᠳ᠋ᠦ᠍ ᠥᠭᠡᠳᠡᠢ ᠬᠠᠭᠠᠨ ᠰᠥᠩ ᠤᠯᠤᠰ ᠲᠤ᠌ ᠳᠠᠢᠳᠤᠨ ᠮᠣᠷᠳᠠᠵᠤ᠂ ᠵᠠᠰᠠᠭ ᠢ᠋ ᠰᠤᠷᠬᠠᠭᠳᠠᠨᠢ ᠬᠠᠲᠤᠨ ᠵᠠᠬᠢᠷᠴᠤ ᠪᠠᠢᠭᠰᠠᠨ ᠴᠠᠭ᠃ ᠬᠠᠲᠤᠨ ᠬᠠᠷᠠᠬᠣᠷᠣᠮ ᠤ᠋ᠨ ᠬᠠᠭᠠᠯᠭᠠᠨ ᠳᠡᠭᠡᠷᠡᠬᠢ ᠥᠭᠯᠢᠭᠡ ᠭᠣᠷᠢᠯᠠᠭᠰᠠᠳ ᠲᠤ᠌ ᠪᠤᠶᠠᠨ ᠬᠡᠰᠢᠭ ᠢ᠋ᠶ᠋ᠡᠨ ᠲᠠᠷᠬᠠᠭᠠᠵᠤ ᠶᠠᠪᠤᠬᠤ ᠦᠶ᠎ᠡ ᠳ᠋ᠡᠭᠡᠨ ᠭᠠᠷᠭᠠᠭᠰᠠᠨ ᠰᠢᠢᠳ ᠬᠡᠰᠢᠭᠲᠦ ᠶ᠋ᠢᠨ ᠠᠮᠢᠳᠤᠷᠠᠯ ᠳ᠋ᠤ᠌ ᠬᠡᠰᠢᠭ ᠪᠣᠯᠤᠭᠰᠠᠨ ᠪᠠᠢᠪᠠ᠃ ᠦᠭᠡᠭᠦᠦ ᠶᠠᠳᠠᠭᠤᠰ ᠲᠤ᠌ ᠥᠭᠯᠢᠭᠡ ᠲᠠᠷᠬᠠᠭᠠᠨ ᠶᠠᠪᠤᠭᠰᠠᠨ ᠬᠠᠲᠤᠨ《ᠵᠦᠭᠡᠷ ᠰᠠᠭᠤᠨ ᠠᠮᠢ ᠪᠠᠨ ᠠᠷᠭᠠᠴᠠᠭᠠᠵᠤ ᠪᠣᠢ ᠡᠨᠡ ᠬᠥᠮᠦᠰ ᠢ᠋ ᠨᠢᠭᠡᠳᠬᠡᠨ ᠠᠢᠮᠠᠭ ᠣᠷᠣᠨ ᠪᠠᠢᠭᠤᠯᠵᠤ᠂ ᠮᠠᠯ ᠠᠬᠤᠢ ᠲᠠᠰᠤᠳᠠᠨ ᠥᠭᠴᠦ᠂ ᠠᠮᠢ ᠠᠮᠢᠳᠤᠷᠠᠯ ᠢ᠋ ᠨᠢ ᠵᠠᠯᠭᠠᠭᠤᠯᠪᠠᠯ ᠡᠳᠦᠷ ᠪᠦᠷᠢ ᠭᠣᠶᠣᠯᠭ᠎ᠠ ᠭᠤᠶᠤᠨ ᠵᠦᠭᠡᠷ ᠰᠠᠭᠤᠬᠤ ᠪᠢᠰᠢ᠂ ᠬᠥᠳᠡᠯᠵᠦ ᠬᠣᠭᠣᠯᠠ ᠪᠠᠨ ᠢᠳᠡᠳᠡᠭ ᠭᠡᠳᠡᠭ ᠢ᠋ ᠣᠢᠯᠠᠭᠠᠬᠤ ᠪᠣᠯᠤᠨ᠎ᠠ》 ᠭᠡᠮᠡᠨ ᠠᠢᠯᠠᠳᠤᠭᠰᠠᠨ ᠤ᠋ ᠳᠠᠭᠠᠤ ᠭᠤᠶᠤᠯᠭᠠᠴᠢᠳ ᠢ᠋ ᠨᠢᠭᠡᠳᠬᠡᠨ᠂ ᠮᠡᠩᠭᠦᠳ ᠠᠢᠮᠠᠭ ᠣᠯᠠᠨ ᠢ᠋ ᠡᠭᠦᠰᠬᠡᠨ ᠬᠠᠲᠤᠨ ᠤ᠋ ᠰᠠᠩ ᠡᠴᠡ ᠮᠠᠯ ᠠᠬᠤᠢ ᠲᠠᠰᠤᠳᠠᠨ ᠥᠭᠭᠦᠭᠰᠡᠨ ᠦ᠌ ᠳᠤᠮᠳᠠ ᠬᠡᠰᠢᠭᠲᠦ ᠲᠡᠮᠡᠭᠡᠴᠢᠨ ᠪᠣᠯᠤᠨ ᠭᠤᠷᠪᠠᠨ ᠭᠣᠣᠯ ᠤ᠋ᠨ ᠰᠠᠪᠠ ᠨᠤᠲᠤᠭ ᠲᠤ᠌ ᠠᠮᠢᠳᠤᠷᠠᠨ ᠰᠠᠭᠤᠬᠤ ᠪᠣᠯᠵᠠᠢ᠃ ᠲᠡᠷᠡ ᠡᠳᠦᠭᠡ ᠬᠦᠷᠲᠡᠯ᠎ᠡ ᠬᠠᠲᠤᠨ ᠤ᠋ ᠬᠡᠰᠢᠭ ᠲᠦ᠍ ᠮᠥᠷᠭᠥᠨ ᠠᠮᠢᠳᠤᠷᠠᠳᠠᠭ ᠤᠴᠢᠷ ᠬᠥᠳᠡᠭᠡ ᠠᠷᠠᠯ ᠤ᠋ᠨ ᠳᠤᠮᠳᠠ ᠪᠣᠯᠵᠤ ᠪᠣᠢ ᠶᠡᠬᠡ ᠬᠤᠷᠠᠯᠳᠠᠢ ᠳ᠋ᠤ᠌ ᠠᠶᠤᠯ ᠨᠢᠭᠤᠷᠯᠠᠬᠤ ᠭᠡᠵᠦ ᠪᠠᠢᠨ᠎ᠠ ᠭᠡᠮᠡᠨ ᠰᠡᠳᠬᠢᠨ ᠢᠩᠭᠢᠵᠦ ᠬᠤᠷᠳᠤᠯᠠᠨ ᠶᠠᠪᠤᠨ᠎ᠠ᠃
ᠬᠥᠳᠡᠭᠡ ᠠᠷᠠᠯ ᠤ᠋ᠨ ᠳᠡᠨᠵᠢ ᠶ᠋ᠢ ᠲᠡᠷᠡ ᠴᠢᠭ ᠲᠤᠨᠢ ᠴᠠᠭᠠᠨ ᠢᠰᠡᠭᠡᠢ ᠪᠡᠷ ᠪᠦᠷᠢᠭᠰᠡᠨ ᠮᠡᠲᠦ ᠵᠠᠬ᠎ᠠ ᠨᠢ ᠦᠯᠦ ᠬᠠᠷᠠᠭᠳᠠᠬᠤ ᠶᠡᠬᠡ ᠭᠡᠷ ᠤᠳ ᠤ᠋ᠨ ᠳᠤᠮᠳᠠ ᠬᠥᠯ ᠬᠥᠳᠡᠯᠭᠡᠭᠡᠨ ᠶᠡᠬᠡ ᠲᠡᠢ ᠶ᠋ᠢᠨ ᠳᠡᠭᠡᠷ᠎ᠡ ᠣᠯᠠᠨ ᠬᠣᠨᠣᠭ ᠨᠠᠢᠷᠯᠠᠨ ᠰᠠᠭᠤᠭᠰᠠᠭᠠᠷ ᠶᠡᠬᠡᠰ ᠳᠡᠭᠡᠳᠦᠰ ᠲᠡᠳᠦᠢ ᠦᠭᠡᠢ ᠡᠩ ᠤ᠋ᠨ ᠣᠯᠠᠨ ᠴᠤ᠌ ᠨᠣᠵᠣᠭᠣᠷᠠᠨ ᠶᠡᠬᠡ ᠦᠳᠡ ᠶ᠋ᠢᠨ ᠨᠠᠷᠠᠨ ᠳ᠋ᠤ᠌ ᠬᠠᠢᠯᠴᠢᠬᠠᠬᠤ ᠦᠭᠡᠢ ᠶ᠋ᠢᠨ ᠲᠤᠯᠠᠳᠠ ᠰᠡᠭᠦᠳᠡᠷ ᠪᠠᠷᠠᠳᠠᠨ ᠰᠠᠭᠤᠭᠰᠠᠨ ᠵᠠᠯᠬᠠᠭᠤ ᠲᠠᠢ ᠡᠳᠦᠷ᠂ ᠲᠡᠷᠲᠡᠭᠡ ᠡᠴᠡ ᠲᠡᠮᠡᠭᠡ ᠪᠡᠨ ᠭᠤᠶᠠᠳᠠᠨ ᠳᠠᠪᠬᠢᠵᠤ ᠢᠷᠡᠭᠰᠡᠨ ᠬᠡᠰᠢᠭᠲᠦ ᠶ᠋ᠢ ᠶᠡᠬᠡ ᠴᠡᠷᠢᠭ ᠤ᠋ᠨ ᠵᠠᠩᠵᠤᠨ ᠰᠢᠯᠭᠠᠨ ᠪᠠᠢᠴᠠᠭᠠᠯ᠎ᠠ᠃ ᠬᠡᠰᠢᠭᠲᠦ᠄
— ᠵᠠᠩᠵᠤᠨ ᠮᠢᠨᠢ᠃ ᠪᠢ ᠭᠡᠮ ᠦᠭᠡᠢ ᠨᠢᠭᠡᠨ ᠲᠡᠮᠡᠭᠡᠴᠢᠨ ᠪᠢᠯᠡ᠃ ᠬᠠᠷᠠᠬᠣᠷᠣᠮ ᠤ᠋ᠨ ᠬᠠᠭᠠᠯᠭᠠᠨ ᠳᠡᠭᠡᠷ᠎ᠡ ᠭᠣᠶᠣᠯᠭ᠎ᠠ ᠭᠤᠶᠤᠵᠤ᠂ ᠥᠯᠪᠡᠷᠴᠦ ᠦᠬᠦᠳᠡᠭ ᠤ᠋ᠨ ᠳᠠᠪᠠᠭᠠᠨ ᠳᠡᠭᠡᠷ᠎ᠡ ᠰᠤᠷᠬᠠᠭᠳᠠᠨᠢ ᠬᠠᠲᠤᠨ ᠤ᠋ ᠠᠪᠤᠷᠠᠯ ᠳ᠋ᠤ᠌ ᠪᠠᠭᠲᠠᠨ ᠲᠡᠮᠡᠭᠡᠨ ᠰᠦᠷᠦᠭ ᠬᠠᠷᠢᠭᠤᠯᠤᠨ᠂ ᠭᠤᠷᠪᠠᠨ ᠭᠣᠣᠯ ᠢ᠋ᠶ᠋ᠠᠷ ᠨᠤᠲᠤᠭᠯᠠᠬᠤ ᠪᠣᠯᠵᠤ᠂ ᠠᠴᠢ ᠪᠤᠶᠠᠨ ᠢ᠋ ᠨᠢ ᠴᠠᠭ ᠢᠮᠠᠭᠲᠠ ᠰᠠᠨᠠᠨ ᠳᠤᠷᠠᠰᠤᠭᠴᠢ ᠨᠢᠭᠡᠨ ᠪᠣᠯᠤᠭᠰᠠᠨ ᠪᠢᠯᠡ ᠬᠡᠮᠡᠪᠡ᠃ ᠪᠡᠷᠬᠡ᠄
—ᠮᠠᠭᠤ ᠪᠣᠭᠣᠯ ᠴᠢ ᠥᠨᠥ ᠶᠡᠬᠡ ᠬᠤᠷᠠᠯᠳᠠᠢ ᠳ᠋ᠤ᠌ ᠢᠷᠡᠵᠦ᠂ ᠬᠠᠲᠤᠨ ᠡᠬᠡ ᠳ᠋ᠦ᠍ ᠪᠠᠷᠠᠯᠬᠠᠨ ᠠᠴᠢ ᠪᠤᠶᠠᠨ ᠢ᠋ ᠨᠢ ᠢᠷᠦᠭᠡᠨ᠎ᠡ ᠭᠡᠵᠦ ᠪᠣᠳᠣᠪᠠ ᠤᠤ ᠭᠡᠬᠦ ᠳ᠋ᠦ᠍᠂
—ᠦᠭᠡᠢ ᠳᠡ᠃ ᠵᠠᠩᠵᠤᠨ ᠮᠢᠨᠢ᠃ ᠪᠢ ᠥᠪᠡᠷ ᠤ᠋ᠨ ᠨᠢᠳᠦ ᠪᠡᠷ ᠬᠠᠷᠠᠯ᠎ᠠ᠃ ᠡᠨᠳᠡ ᠡᠴᠡ ᠬᠣᠯᠠ ᠦᠭᠡᠢ ᠶᠡᠬᠡ ᠴᠡᠷᠢᠭ ᠵᠡᠪᠰᠡᠭᠯᠡᠨ ᠬᠥᠳᠡᠯᠬᠦ ᠳ᠋ᠦ᠍ ᠪᠡᠯᠡᠨ ᠪᠣᠯᠤᠭᠰᠠᠨ ᠪᠠᠢᠬ᠎ᠠ ᠶ᠋ᠢ ᠬᠠᠷᠠᠵᠤ᠂ ᠬᠡᠯᠡ ᠳᠣᠭᠣᠯᠭᠠᠬᠤ ᠪᠠᠷ ᠰᠠᠨᠳᠤᠷᠤᠨ ᠢᠷᠡᠯ᠎ᠡ᠃ ᠲᠡᠮᠡᠭᠡᠨ ᠦ᠌ ᠭᠢᠰᠬᠢᠳᠡᠯ ᠳ᠋ᠦ᠍ ᠳᠡᠯᠡᠬᠡᠢ ᠲᠡᠨᠲᠡᠭᠡᠨᠡᠭᠡᠳ ᠶᠠᠪᠤᠵᠤ ᠥᠭᠬᠦ ᠦᠭᠡᠢ ᠵᠠᠮ ᠳ᠋ᠠᠭᠠᠨ ᠶᠡᠬᠡ ᠤᠳᠠᠯ᠎ᠠ᠃ ᠣᠳᠣ ᠲᠡᠳᠡ ᠯᠠᠪ ᠨᠠᠭᠠᠰᠢ ᠭᠠᠷᠤᠭᠰᠠᠨ ᠪᠠᠢᠬᠤ ᠭᠡᠵᠦ ᠬᠡᠯᠡᠪᠡ᠃
ᠪᠡᠷᠬᠡ᠂ ᠬᠡᠰᠢᠭᠲᠦ ᠶ᠋ᠢ ᠳᠠᠭᠠᠭᠤᠯᠤᠨ ᠮᠥᠩᠬᠡ ᠬᠠᠭᠠᠨ ᠤ᠋ ᠠᠰᠠᠷ ᠲᠤ᠌ ᠠᠪᠴᠤ ᠣᠷᠣᠯ᠎ᠠ᠃ ᠬᠠᠭᠠᠨ ᠤ᠋ ᠠᠯᠪᠠᠲᠤ ᠠᠷᠠᠳ ᠤ᠋ᠨ ᠶᠡᠬᠡᠩᠬᠢ ᠨᠢ ᠬᠥᠯᠴᠥᠭᠦᠷᠡᠨ ᠪᠠᠢᠬᠤ ᠳ᠋ᠤ᠌ ᠬᠠᠭᠠᠨ ᠡᠵᠡᠨ ᠬᠠᠷᠢᠨ ᠥᠨᠳᠥᠷ ᠰᠡᠨᠳᠡᠢ ᠳ᠋ᠡᠭᠡᠨ ᠭᠦᠨ ᠪᠣᠳᠣᠯ ᠳ᠋ᠤ᠌ ᠳᠠᠷᠤᠭᠳᠠᠨ ᠰᠠᠭᠤᠵᠠᠢ᠃ ᠲᠡᠭᠦᠨ ᠦ᠌ ᠬᠠᠵᠠᠭᠤ ᠳ᠋ᠤ᠌ ᠮᠥᠩᠬᠡᠰᠠᠷᠠ ᠨᠣᠶᠠᠨᠲᠠᠨ ᠬᠠᠷᠠᠭᠳᠠᠨ᠎ᠠ᠃ ᠭᠠᠳᠠᠨ᠎ᠠ ᠡᠴᠡ ᠪᠡᠷᠬᠡ ᠨᠢᠭᠡᠨ ᠨᠣᠣᠷᠬᠠᠢ ᠭᠤᠶᠤᠯᠭᠠᠴᠢᠨ ᠳᠠᠭᠠᠭᠤᠯᠤᠨ ᠣᠷᠣᠵᠤ ᠢᠷᠡᠬᠦᠢ ᠳ᠋ᠦ᠍ ᠬᠠᠭᠠᠨ ᠡᠵᠡᠨ ᠡᠴᠡ ᠤᠷᠢᠲᠠᠨ ᠮᠥᠩᠬᠡᠰᠠᠷᠠ ᠨᠣᠶᠠᠨᠲᠠᠨ᠄
— ᠴᠢ ᠬᠠᠭᠠᠨ ᠡᠵᠡᠨ ᠦ᠌ ᠦᠷᠭᠦᠭᠡᠨ ᠳ᠋ᠦ᠍ ᠶᠠᠭᠤᠨ ᠬᠥᠮᠦᠨ ᠳᠠᠭᠠᠭᠤᠯᠤᠨ ᠢᠷᠡᠪᠡ ᠭᠡᠮᠡᠨ ᠠᠰᠠᠭᠤᠯ᠎ᠠ᠃ ᠪᠡᠷᠬᠡ᠄
— ᠡᠨᠡ ᠬᠥᠮᠦᠨ ᠭᠤᠷᠪᠠᠨ ᠭᠣᠣᠯ ᠢ᠋ᠶ᠋ᠠᠷ ᠨᠤᠲᠤᠭ ᠲᠠᠢ ᠮᠡᠩᠭᠦᠳ ᠠᠢᠮᠠᠭ ᠤ᠋ᠨ ᠲᠡᠮᠡᠭᠡᠴᠢᠨ ᠬᠡᠰᠢᠭᠲᠦ ᠪᠥᠯᠥᠭᠡ᠃ ᠡᠨᠳᠡ ᠡᠴᠡ ᠬᠣᠯᠠ ᠦᠭᠡᠢ ᠶᠡᠬᠡ ᠴᠡᠷᠢᠭ ᠵᠢᠭᠰᠠᠭᠰᠠᠨ ᠪᠠᠢᠭ᠎ᠠ ᠶ᠋ᠢ ᠬᠠᠷᠠᠵᠤ ᠮᠡᠳᠡᠭᠡᠳ ᠬᠡᠯᠡ ᠳᠣᠭᠣᠯᠭᠠᠬᠤ ᠪᠠᠷ ᠨᠠᠭᠠᠰᠢ ᠶᠠᠭᠠᠷᠠᠨ ᠢᠷᠡᠭᠰᠡᠨ ᠪᠠᠢᠨ᠎ᠠ ᠭᠡᠬᠦ ᠳ᠋ᠦ᠍ ᠮᠥᠩᠬᠡ ᠬᠠᠭᠠᠨ᠄
— ᠴᠢ ᠬᠡᠨ ᠪᠣᠯᠬᠤ᠂ ᠶᠠᠭᠤ ᠦᠵᠡᠵᠦ ᠬᠠᠷᠠᠭᠰᠠᠨ ᠢ᠋ᠶ᠋ᠠᠨ ᠨᠢᠭᠡᠳ ᠨᠢᠭᠡᠨ ᠦᠭᠡᠢ ᠶᠠᠷᠢᠵᠤ ᠥᠭ ᠭᠡᠯᠡ᠃ ᠬᠡᠰᠢᠭᠲᠦ᠄
— ᠬᠠᠭᠠᠨ ᠡᠵᠡᠨᠲᠡᠨ᠃ ᠪᠢ ᠬᠠᠲᠤᠨ ᠡᠬᠡ ᠶ᠋ᠢᠨ ᠲᠠᠨᠢ ᠳᠠᠭᠠᠭᠠᠯᠭᠠᠭᠰᠠᠨ ᠡᠭᠦᠷᠭᠡ ᠶ᠋ᠢ ᠪᠡᠶᠡᠯᠡᠭᠦᠯᠵᠦ ᠬᠥᠳᠡᠭᠡ ᠠᠷᠠᠯ ᠡᠴᠡ ᠭᠤᠷᠪᠠᠨ ᠡᠳᠦᠷ ᠤ᠋ᠨ ᠵᠠᠢ ᠡᠴᠡ ᠭᠠᠳᠠᠭᠰᠢ ᠬᠠᠷᠠᠭᠤᠯ ᠳ᠋ᠤ᠌ ᠭᠠᠷᠤᠭᠰᠠᠨ ᠡᠩ ᠤ᠋ᠨ ᠠᠷᠠᠳ ᠤ᠋ᠨ ᠨᠢᠭᠡ ᠪᠢᠯᠡ ᠭᠡᠪᠡ᠃ ᠮᠥᠩᠬᠡ ᠬᠠᠭᠠᠨ᠄
ᠬᠠᠲᠤᠨ ᠡᠬᠡ ᠶ᠋ᠢᠨ ᠳᠠᠭᠠᠭᠠᠯᠭᠠᠭᠰᠠᠨ ᠠᠷᠠᠳ ᠭᠡᠨ᠎ᠡ ᠤᠤ ᠭᠡᠮᠡᠨ ᠠᠰᠠᠭᠤᠬᠤ ᠳ᠋ᠤ᠌᠂
— ᠲᠡᠢᠮᠦ ᠠ᠋ ᠬᠠᠭᠠᠨᠲᠠᠨ᠂ ᠬᠠᠲᠤᠨ ᠡᠬᠡ ᠲᠠᠨᠢ ᠭᠤᠶᠤᠯᠭᠠᠴᠢᠨ ᠪᠢᠳᠡᠨ ᠢ᠋ ᠠᠢᠮᠠᠭ ᠣᠯᠠᠨ ᠪᠣᠯᠭᠠᠵᠤ᠂ ᠮᠠᠯ ᠠᠬᠤᠢ ᠲᠠᠰᠤᠳᠠᠨ ᠦᠭᠭᠦᠭᠰᠡᠨ ᠴᠠᠭ ᠡᠴᠡ ᠪᠢᠳᠡ ᠬᠠᠲᠤᠨ ᠤ᠋ ᠬᠡᠰᠢᠭ ᠲᠦ᠍ ᠲᠠᠯᠠᠷᠬᠠᠨ ᠠᠮᠢᠳᠤᠷᠠᠵᠤ ᠢᠷᠡᠭᠰᠡᠨ ᠪᠢᠯᠡ᠃ ᠬᠠᠷᠢᠨ ᠡᠨᠡ ᠤᠳᠠᠭ᠎ᠠ ᠳ᠋ᠤ᠌ ᠲᠠᠯᠠᠷᠬᠠᠭᠰᠠᠨ ᠰᠡᠳᠬᠢᠯ ᠢ᠋ᠶ᠋ᠡᠨ ᠢᠯᠡᠷᠬᠡᠢᠯᠡᠬᠦ ᠪᠣᠯᠤᠮᠵᠢ ᠣᠯᠳᠠᠨ᠂ ᠰᠤᠷᠬᠠᠭᠳᠠᠨᠢ ᠬᠠᠲᠤᠨ ᠪᠢᠳᠡᠨ ᠢ᠋ ᠭᠤᠷᠪᠠᠨ ᠡᠳᠦᠷ ᠤ᠋ᠨ ᠭᠠᠵᠠᠷ ᠡᠴᠡ ᠴᠠᠭᠠᠰᠢ ᠮᠠᠨᠠᠭᠠᠨ ᠳ᠋ᠤ᠌ ᠭᠠᠷᠭᠠᠵᠤ᠂ ᠡᠩ ᠤ᠋ᠨ ᠠᠷᠠᠳ ᠤ᠋ᠨ ᠡᠨᠡ ᠳᠦᠷᠢ ᠪᠡᠷ ᠬᠠᠭᠠᠨ ᠵᠠᠯᠠᠬᠤ ᠶᠣᠰᠣᠯᠠᠯ ᠢ᠋ ᠳᠠᠭᠤᠰᠲᠠᠯ᠎ᠠ ᠰᠣᠨᠣᠷ ᠰᠡᠷᠡᠮᠵᠢ ᠪᠡᠨ ᠠᠯᠳᠠᠬᠤ ᠦᠭᠡᠢ ᠪᠠᠢᠬᠤ ᠶ᠋ᠢ ᠳᠠᠭᠠᠭᠠᠯᠭᠠᠭᠰᠠᠨ ᠲᠤᠯᠠ ᠪᠢ ᠲᠡᠮᠡᠭᠡ ᠪᠡᠨ ᠬᠠᠷᠢᠭᠤᠯᠵᠤ ᠶᠠᠪᠤᠭ᠎ᠠ ᠨᠡᠷ᠎ᠡ ᠪᠡᠷ ᠬᠠᠲᠤᠨ ᠤ᠋ ᠳᠠᠭᠠᠭᠠᠯᠭᠠᠪᠤᠷᠢ ᠶ᠋ᠢ ᠪᠡᠶᠡᠯᠡᠭᠦᠯᠵᠦ ᠪᠠᠢᠭᠰᠠᠨ ᠬᠡᠷᠡᠭ ᠭᠡᠪᠡ᠃
ᠠᠰᠠᠷ ᠤ᠋ᠨ ᠳᠣᠣᠷ᠎ᠠ ᠴᠤᠭᠯᠠᠭᠰᠠᠨ ᠬᠥᠮᠦᠰ ᠰᠠᠶᠢ ᠤᠴᠢᠷ ᠢ᠋ ᠣᠯᠵᠤ ᠰᠤᠷᠬᠠᠭᠳᠠᠨᠢ ᠬᠠᠲᠤᠨ ᠡᠨᠡ ᠶᠣᠰᠣᠯᠠᠯ ᠢ᠋ ᠭᠦᠢᠴᠡᠯᠳᠦᠭᠦᠯᠬᠦ ᠶ᠋ᠢᠨ ᠲᠤᠯᠠᠳᠠ ᠬᠡᠴᠢᠨᠡᠨ ᠬᠣᠯᠠ ᠶ᠋ᠢ ᠬᠠᠷᠠᠭᠰᠠᠨ ᠬᠢᠭᠡᠳ ᠲᠡᠭᠦᠨ ᠦ᠌ ᠬᠣᠯᠠᠴᠢ ᠮᠡᠷᠭᠡᠨ ᠤᠬᠠᠭᠠᠨ ᠢ᠋ ᠣᠯᠵᠤ ᠮᠡᠳᠡᠪᠡ᠃ ᠲᠦᠳᠡ ᠤᠳᠠᠯ ᠦᠭᠡᠢ ᠮᠥᠩᠬᠡ ᠬᠠᠭᠠᠨ᠄
— ᠥᠨᠥ ᠬᠢᠷᠢ ᠨᠠᠢᠷ ᠳᠡᠭᠡᠷ᠎ᠡ ᠬᠦᠯᠴᠡᠭᠦᠷᠡᠨ ᠪᠠᠢᠭ᠎ᠠ ᠬᠠᠷ᠎ᠠ ᠦᠯᠡᠬᠦ᠂ ᠬᠤᠵᠠ ᠨᠠᠷ ᠢ᠋ ᠳᠠᠭᠤᠳᠠᠨ ᠢᠷᠡᠭᠦᠯ ᠭᠡᠮᠡᠨ ᠵᠠᠷᠯᠢᠭᠳᠠᠪᠠ᠃
ᠬᠡᠰᠡᠭ ᠬᠤᠭᠤᠴᠠᠭ᠎ᠠ ᠥᠩᠭᠡᠷᠡᠭᠰᠡᠨ ᠦ᠌ ᠳᠠᠷᠠᠭ᠎ᠠ ᠬᠠᠭᠠᠨ ᠡᠵᠡᠨ ᠦ᠌ ᠡᠮᠦᠨ᠎ᠡ ᠬᠠᠷ᠎ᠠ ᠦᠯᠡᠬᠦ᠂ ᠬᠤᠵᠠ ᠨᠠᠷ ᠤ᠋ᠨ ᠭᠠᠷ ᠢ᠋ ᠠᠷᠤ ᠳ᠋ᠤᠨᠢ ᠬᠦᠯᠢᠨ ᠠᠪᠴᠢᠷᠠᠯ᠎ᠠ᠃ ᠮᠥᠩᠬᠡ ᠬᠠᠭᠠᠨ᠄
— ᠡᠯᠢᠭᠡ ᠨᠢᠭᠡᠲᠡᠨ ᠭᠡᠵᠦ ᠲᠠ ᠨᠠᠷ ᠢ᠋ ᠡᠷᠬᠢᠮᠯᠡᠨ ᠤᠭᠲᠤᠵᠤ᠂ ᠡᠪᠦᠭᠡ ᠳᠡᠭᠡᠳᠦᠰ ᠤ᠋ᠨ ᠨᠡᠷ᠎ᠡ ᠰᠦᠷ ᠢ᠋ ᠪᠣᠳᠣᠨ ᠠᠭᠤᠴᠢᠯᠠᠨ ᠥᠷᠥᠰᠢᠶᠡᠵᠦ᠂ ᠬᠦᠨᠳᠦᠯᠡᠯ ᠦᠵᠡᠭᠦᠯᠦᠨ ᠪᠠᠢᠬᠤ ᠳ᠋ᠤ᠌ ᠲᠠ ᠨᠠᠷ ᠬᠠᠷ᠎ᠠ ᠰᠠᠨᠠᠭ᠎ᠠ ᠡᠪᠦᠷᠯᠡᠨ ᠬᠠᠨᠴᠤᠢ ᠳᠣᠲᠣᠷ᠎ᠠ ᠪᠠᠨ ᠦᠰ ᠰᠠᠨᠠᠨ ᠢᠷᠡᠵᠡᠢ ᠭᠡᠮᠡᠨ ᠬᠡᠯᠡᠭᠡᠳ᠂
— ᠡᠳᠡᠨ ᠢ᠋ ᠡᠷᠡᠭᠦᠳᠡᠨ ᠰᠢᠭᠦ᠃ ᠬᠠᠷᠢᠨ ᠡᠨᠡ ᠲᠡᠮᠡᠭᠡᠴᠢᠨ ᠢ᠋ ᠳᠠᠭᠠᠭᠤᠯᠤᠨ ᠮᠥᠩᠬᠡᠰᠠᠷᠠ ᠴᠢ ᠪᠡᠷᠬᠡ ᠶ᠋ᠢᠨ ᠬᠠᠮᠲᠤ ᠴᠡᠷᠢᠭᠯᠡᠨ ᠶᠠᠪᠤᠵᠤ᠂ ᠲᠡᠷᠡ ᠭᠠᠵᠠᠷ ᠣᠷᠣᠨ ᠢ᠋ ᠵᠢᠭᠠᠯᠭᠠᠨ᠂ ᠡᠵᠡᠨ ᠬᠠᠭᠠᠨ ᠤ᠋ ᠪᠠᠨ ᠥᠭᠡᠳᠡ ᠡᠴᠡ ᠪᠣᠰᠬᠤ ᠪᠠᠷ ᠪᠡᠯᠡᠳᠴᠦ ᠪᠣᠢ ᠲᠡᠳᠡᠨ ᠢ᠋ ᠳᠠᠷᠤᠨ ᠲᠣᠯᠣᠭᠠᠢᠯᠠᠭᠴᠢᠳ ᠢ᠋ ᠨᠢ ᠪᠠᠷᠢᠪᠴᠢᠯᠠᠨ ᠠᠪᠴᠢᠷᠠ ᠭᠡᠮᠡᠨ ᠵᠠᠷᠯᠢᠭᠳᠠᠪᠠ᠃ ᠪᠡᠷᠬᠡ ᠶ᠋ᠢᠨ ᠴᠡᠷᠢᠭ ᠲᠡᠷᠡ ᠳᠣᠣᠷ᠎ᠠ ᠪᠠᠨ ᠬᠥᠳᠡᠯᠵᠦ ᠦᠰ ᠡᠪᠦᠷᠯᠡᠨ ᠶᠡᠬᠡ ᠴᠡᠷᠢᠭ ᠵᠢᠭᠰᠠᠭᠠᠭᠰᠠᠨ ᠰᠢᠷᠡᠮᠦᠨ᠂ ᠨᠠᠭᠤ ᠨᠠᠷ ᠢ᠋ ᠳᠠᠷᠤᠵᠤ᠂ ᠪᠠᠷᠢᠪᠴᠢᠯᠠᠨ ᠠᠪᠴᠢᠷᠠᠯ᠎ᠠ᠃ ᠶᠡᠬᠡ ᠡᠵᠡᠨ ᠬᠠᠭᠠᠨ ᠮᠥᠩᠬᠡ ᠶ᠋ᠢᠨ ᠡᠰᠡᠷᠭᠦ ᠴᠡᠷᠢᠭᠯᠡᠨ ᠪᠣᠰᠬᠤ ᠪᠠᠷ ᠵᠡᠬᠡᠭᠰᠡᠨ ᠡᠨᠡ ᠬᠥᠮᠦᠰ ᠤ᠋ᠨ ᠬᠡᠳᠦ ᠶ᠋ᠢᠨ ᠬᠤᠪᠢ ᠲᠠᠪᠢᠯᠠᠩ ᠮᠥᠩᠬᠡ ᠲᠩᠷᠢ ᠶ᠋ᠢᠨ ᠢᠪᠡᠭᠡᠯ ᠳ᠋ᠦ᠍ ᠪᠠᠭᠲᠠᠬᠤ ᠡᠰᠡᠬᠦ ᠳ᠋ᠦ᠍ ᠲᠡᠳᠡ ᠡᠷᠡᠭᠡᠯᠵᠡᠨ ᠪᠠᠢᠪᠠ᠃
ᠦᠰᠦᠭ ᠠᠮᠢᠯᠠᠭᠤᠯᠤᠭᠴᠢ᠄ᠬᠡᠯᠡᠰᠣᠶᠣᠯ ᠂ ᠪᠤᠯᠠᠭᠬᠦᠦ᠂ ᠭᠡᠷᠡᠯ᠂ᠬᠡᠷᠡᠢᠳ ᠮᠥᠩᠬᠡᠨᠠᠰᠤᠨ᠂ ᠵᠢᠩᠯᠢᠬᠤᠸᠠᠷ᠂ ᠰᠡᠴᠡᠨᠴᠢᠮᠡᠭ᠂ ᠨᠡᠭᠦᠳᠡᠯ᠂ ᠳᠡᠭᠦᠦᠵᠠᠶᠠᠭ᠎ᠠ᠂ᠨᠠᠷᠠᠨᠲᠤᠶᠠᠭ᠎ᠠ᠂ ᠱᠠᠭᠰᠠᠯ᠂ ᠴᠡᠴᠡᠭ᠂ ᠡᠩᠬᠡᠪᠠᠲᠤ᠂ ᠠᠯᠲᠠᠨᠴᠡᠴᠡᠭ
ᠬᠢᠨᠠᠭᠴᠢ᠄ᠨᠠᠷᠠᠨ᠂ ᠵᠢᠩᠯᠢᠬᠤᠸᠷ᠂ᠨᠡᠭᠦᠳᠡᠯ᠂ ᠣᠳᠬᠠᠨᠰᠣ᠎ᠠ᠂ᠭᠠᠷᠮ᠎ᠠ᠂ᠰᠡᠬᠡᠭᠡᠷᠡᠯ᠂ᠬᠡᠷᠡᠢᠳ ᠵᠣᠯ᠂ᠪᠠᠶᠠᠠᠴᠡᠴᠡᠭ᠂ᠲ· ᠬᠦᠮᠦᠵᠢᠯᠲᠦ᠂
