ᠰᠤᠷᠬᠠᠭᠲᠠᠨᠢ ᠪᠡᠬᠢ ᠬᠠᠲᠤᠨ-ᠪᠢᠮᠪᠠ ᠶ᠋ᠢᠨ ᠰᠠᠷᠠᠨᠲᠤᠶᠠᠭ᠎ᠠ-ᠶᠢᠰᠦᠳᠦᠭᠡᠷ ᠪᠦᠯᠦᠭ ᠮᠥᠩᠬᠡ ᠲᠡᠭᠷᠢ ᠶ᠋ᠢᠨ ᠴᠠᠭСорхугтани бэх хатан-Бямбын Сарантуяа
ᠶᠢᠰᠦᠳᠦᠭᠡᠷ ᠪᠦᠯᠦᠭ ᠮᠥᠩᠬᠡ ᠲᠡᠭᠷᠢ ᠶ᠋ᠢᠨ ᠴᠠᠭ
ᠡᠵᠡᠨᠲᠦ ᠭᠦᠷᠦᠨ ᠦ᠌ ᠨᠡᠢᠰᠯᠡᠯ ᠡᠴᠡ ᠬᠠᠭᠠᠰ ᠡᠳᠦᠷ ᠦ᠋ᠨ ᠵᠠᠢ ᠳ᠋ᠤ᠌ ᠶᠡᠬᠡ ᠴᠡᠷᠢᠭ ᠪᠠᠢᠷᠢ ᠪᠠᠨ ᠡᠵᠡᠯᠡᠵᠡᠢ᠃ ᠬᠣᠶᠠᠷ ᠲᠡᠢᠰᠢ ᠢᠷᠠᠭᠳᠠᠨ ᠵᠣᠭᠰᠣᠭᠰᠠᠨ ᠶᠡᠬᠡ ᠴᠡᠷᠢᠭ ᠦ᠋ᠨ ᠡᠮᠦᠨᠡᠭᠦᠷ ᠶᠠᠪᠠᠭᠠᠨ ᠴᠡᠷᠢᠭ ᠦ᠋ᠳ ᠰᠡᠯᠡᠮ᠎ᠡ ᠵᠢᠳᠠ ᠠᠭᠰᠤᠨ ᠡᠩᠨᠡᠭᠰᠡᠨ ᠬᠠᠷᠠᠭᠳᠠᠨ᠎ᠠ᠃ ᠲᠡᠳᠡ ᠡᠮᠦᠨ᠎ᠡ ᠪᠡᠨ ᠬᠡᠳᠦᠨ ᠬᠥᠮᠦᠨ ᠦ᠌ ᠭᠠᠷ ᠢ᠋ ᠠᠷᠤ ᠳ᠋ᠤᠨᠢ ᠬᠦᠯᠢᠨ ᠶᠠᠪᠠᠭᠠᠨ ᠰᠠᠭᠤᠯᠭᠠᠵᠠᠢ᠃ ᠬᠠᠮᠢᠭ᠎ᠠ ᠨᠢᠭᠡ ᠰᠢᠷᠣᠢ ᠰᠢᠭᠤᠷᠤᠨ ᠪᠣᠰᠴᠤ ᠲᠦᠳᠡᠭᠡᠨᠡ ᠨᠠᠮᠲᠠᠨ ᠪᠠᠢᠭ᠎ᠠ ᠶ᠋ᠢ ᠦᠵᠡᠪᠡᠯ ᠰᠤᠯᠠ ᠰᠢᠷᠣᠢ ᠶᠡᠬᠡ ᠲᠡᠢ ᠭᠠᠵᠠᠷ ᠪᠣᠯᠤᠯᠲᠠᠢ᠃ ᠪᠣᠰᠤᠭᠰᠠᠨ ᠰᠢᠷᠣᠢ ᠬᠥᠮᠦᠰ ᠦ᠋ᠨ ᠦᠰᠦ ᠲᠣᠯᠣᠭᠠᠢ ᠳᠡᠪᠡᠯ ᠬᠤᠪᠴᠠᠰᠤ ᠶ᠋ᠢ ᠵᠢᠭᠡᠯᠡᠳᠦᠭᠦᠯᠬᠦ ᠠᠵᠢ᠃ ᠬᠦᠯᠢᠶᠡ ᠲᠡᠢ ᠬᠥᠮᠦᠰ ᠦ᠋ᠨ ᠳᠡᠪᠡᠯ ᠦ᠋ᠨ ᠰᠤᠭᠤ ᠪᠠᠷ ᠬᠥᠯᠥᠰᠥ ᠨᠡᠪᠴᠢᠵᠦ ᠦᠰᠦ ᠭᠡᠵᠢᠭᠡ ᠨᠢ ᠰᠢᠷᠢᠯᠳᠦᠭᠰᠡᠨ ᠵᠡᠷᠭᠡ ᠡᠴᠡ ᠦᠵᠡᠪᠡᠯ ᠤᠳᠠᠭᠠᠨ ᠬᠣᠷᠢᠭᠳᠠᠵᠤ ᠪᠠᠢᠭᠠᠳ ᠭᠠᠷᠴᠤ ᠢᠷᠡᠭᠰᠡᠨ ᠪᠣᠯᠤᠯᠲᠠᠢ᠃ ᠤᠳᠠᠯ ᠦᠭᠡᠢ ᠶᠡᠬᠡ ᠴᠡᠷᠢᠭ ᠦ᠋ᠨ ᠳᠤᠮᠳᠠ ᠠ᠋ᠴᠠ᠂
— ᠬᠠᠭᠠᠨ ᠡᠵᠡᠨ ᠵᠠᠯᠠᠷᠠᠨ ᠢᠷᠡᠯ᠎ᠡ ᠬᠡᠮᠡᠬᠦ ᠨᠢ ᠰᠣᠨᠣᠰᠤᠭᠳᠠᠵᠤ᠂ ᠬᠡᠰᠡᠭ ᠮᠣᠷᠢᠲᠠᠨ ᠳᠠᠪᠬᠢᠯᠳᠤᠨ ᠣᠷᠣᠵᠤ ᠢᠷᠡᠯ᠎ᠡ᠃ᠣᠷᠢᠲᠠᠢ ᠬᠥᠮᠦᠰ ᠦ᠋ᠨ ᠲᠡᠷᠢᠭᠦᠨ ᠳ᠋ᠦ᠍ ᠮᠥᠩᠬᠡ ᠬᠠᠭᠠᠨ ᠪᠣᠷᠣ ᠮᠣᠷᠢ ᠤᠨᠤᠨ ᠬᠠᠲᠠᠷᠢᠭᠤᠯᠵᠤ᠂ ᠠᠷᠤ ᠠ᠋ᠴᠠ ᠨᠢ ᠮᠥᠩᠬᠡᠰᠠᠷᠠ ᠲᠡᠷᠢᠭᠦᠲᠡᠢ ᠰᠢᠨᠡᠬᠡᠨ ᠲᠣᠮᠢᠯᠠᠭᠳᠠᠭᠰᠠᠨ ᠲᠥᠷᠥ ᠶ᠋ᠢᠨ ᠰᠠᠢᠳ ᠲᠦᠰᠢᠮᠡᠳ ᠴᠤᠪᠤᠨ ᠣᠷᠣᠵᠤ ᠢᠷᠡᠪᠡ᠃ ᠬᠠᠭᠠᠨ ᠡᠵᠡᠨ ᠢ᠋ ᠬᠡᠰᠢᠭᠲᠡᠨ ᠴᠡᠷᠢᠭ ᠦ᠋ᠳ ᠳᠠᠭᠠᠯᠳᠤᠵᠠᠢ᠃ ᠲᠡᠳᠡ ᠶᠠᠪᠤᠭᠰᠠᠭᠠᠷ ᠶᠡᠬᠡ ᠴᠡᠷᠢᠭ ᠦ᠋ᠨ ᠡᠮᠦᠨ᠎ᠡ ᠣᠴᠢᠵᠤ ᠵᠣᠭᠰᠣᠬᠤ ᠳ᠋ᠤ᠌ ᠮᠥᠩᠬᠡᠰᠠᠷᠠ ᠨᠣᠶᠠᠨᠲᠠᠨ ᠡᠪᠦᠷ ᠡᠴᠡ ᠪᠡᠨ ᠵᠠᠷᠯᠢᠭ ᠤ᠋ᠨ ᠪᠢᠴᠢᠭ ᠢ᠋ ᠭᠠᠷᠭᠠᠨ ᠢᠷᠡᠵᠦ ᠳᠡᠯᠭᠡᠭᠡᠳ᠂
— ᠮᠥᠩᠬᠡ ᠬᠥᠬᠡ ᠲᠡᠭᠷᠢ ᠶ᠋ᠢᠨ ᠢᠪᠡᠭᠡᠯ ᠳ᠋ᠦ᠍ ᠡᠭᠡᠨᠡᠭᠲᠡ ᠠᠷᠢᠭᠤᠨ ᠪᠠᠢᠬᠤ ᠤᠴᠢᠷ ᠲᠠᠢ ᠶᠡᠬᠡ ᠮᠣᠩᠭᠣᠯ ᠤ᠋ᠨ ᠭᠠᠯ ᠭᠣᠯᠣᠮᠲᠠ ᠮᠣᠩᠭᠣᠯ ᠤ᠋ᠨ ᠲᠥᠷᠥ ᠳ᠋ᠦ᠍ ᠲᠡᠷᠰᠯᠡᠭᠰᠡᠨ ᠬᠡᠨ ᠪᠦᠬᠦᠨ ᠥᠷᠥᠰᠢᠶᠡᠭᠳᠡᠬᠦ ᠤᠴᠢᠷ ᠦᠭᠡᠢ᠃ ᠡᠴᠢᠭᠡ ᠡᠪᠦᠭᠡ ᠶ᠋ᠢᠨ ᠠᠷᠢᠭᠤᠨ ᠭᠠᠵᠠᠷ ᠢ᠋ ᠦᠯᠦ ᠬᠦᠨᠳᠦᠳᠬᠡᠨ᠂ ᠶᠡᠬᠡ ᠬᠠᠭᠠᠨ ᠡᠷᠭᠦᠮᠵᠢᠯᠡᠬᠦ ᠶᠣᠰᠣᠯᠠᠯ ᠢ᠋ ᠲᠠᠰᠤᠯᠳᠠᠭᠤᠯᠬᠤ ᠶ᠋ᠢ ᠣᠷᠣᠯᠳᠣᠭᠰᠠᠨ᠂ ᠠᠯᠲᠠᠨ ᠤᠷᠤᠭ ᠤ᠋ᠨ ᠬᠠᠨ ᠬᠥᠪᠡᠭᠦᠳ ᠬᠢᠭᠡᠳ ᠲᠥᠷᠥ ᠶ᠋ᠢᠨ ᠰᠠᠢᠳ ᠲᠦᠰᠢᠮᠡᠳ ᠢ᠋ ᠶᠡᠬᠡ ᠮᠣᠩᠭᠣᠯ ᠤ᠋ᠨ ᠲᠥᠷᠥ᠂ ᠡᠵᠡᠨ ᠬᠠᠭᠠᠨ ᠡᠴᠡ ᠪᠡᠨ ᠤᠷᠪᠠᠨ ᠲᠡᠷᠰᠯᠡᠭᠰᠡᠨ ᠭᠡᠮᠡᠨ ᠰᠢᠢᠳᠬᠡᠰᠦᠭᠡᠢ᠃ᠠᠯᠲᠠᠨ ᠤᠷᠤᠭ ᠤ᠋ᠨ ᠬᠥᠮᠦᠨ ᠦ᠌ ᠠᠮᠢ ᠶ᠋ᠢ ᠥᠷᠥᠰᠢᠶᠡᠬᠦ ᠶᠡᠬᠡ ᠵᠠᠰᠠᠭ ᠬᠠᠤᠯᠢ ᠶ᠋ᠢᠨ ᠳᠠᠭᠠᠤ ᠬᠠᠨ ᠬᠦᠦ ᠬᠤᠵᠠ ᠶ᠋ᠢ ᠤᠰᠤ ᠤᠮᠳᠠ ᠬᠣᠮᠰᠠ ᠂ᠦᠷᠡᠵᠢᠯ ᠰᠢᠮ᠎ᠡ ᠦᠭᠡᠢ ᠭᠠᠵᠠᠷ ᠲᠤ᠌ ᠨᠠᠰᠤ ᠪᠠᠷ ᠨᠢ ᠴᠦᠯᠡᠨᠡ᠃ ᠬᠠᠨ ᠬᠦᠦ ᠨᠠᠭᠤ ᠵᠢ ᠬᠤᠭᠤᠴᠠᠭ᠎ᠠ ᠦᠭᠡᠢ ᠴᠡᠷᠢᠭ ᠦ᠋ᠨ ᠠᠯᠪᠠᠨ ᠳ᠋ᠤ᠌ ᠲᠣᠮᠢᠯᠠᠰᠤᠭᠠᠢ᠃ᠬᠠᠷ᠎ᠠ ᠦᠯᠡᠬᠦ ᠪᠣᠯᠤᠨ ᠲᠡᠭᠦᠨ ᠦ᠌ ᠬᠠᠮᠰᠠᠭᠠᠲᠠᠨ ᠨᠤᠭᠤᠳ ᠢ᠋ ᠠᠯᠲᠠᠨ ᠣᠷᠳᠣᠨ ᠤ᠋ ᠤᠯᠤᠰ ᠦ᠋ᠨ ᠡᠵᠡᠨ ᠪᠠᠲᠤ ᠬᠠᠭᠠᠨ ᠤ᠋ ᠮᠠᠲᠠᠯ ᠳ᠋ᠤ᠌ ᠰᠢᠯᠵᠢᠭᠦᠯᠰᠦᠭᠦᠢ ᠃ ᠲᠥᠷᠥ ᠳ᠋ᠦ᠍ ᠲᠡᠷᠰᠯᠡᠭᠰᠡᠨ ᠰᠠᠢᠳ ᠲᠦᠰᠢᠮᠡᠳ ᠊ᠢ ᠴᠠᠭᠠᠵᠠ ᠪᠠᠷ ᠬᠣᠷᠣᠭᠠᠰᠤᠭᠠᠢ ᠬᠡᠮᠡᠭᠰᠡᠨ ᠵᠠᠷᠯᠢᠭ ᠢ᠋ ᠰᠣᠨᠣᠷᠲᠤᠭᠤᠯᠤᠯᠠ᠃
ᠠᠮᠢᠨ ᠡᠴᠡ ᠪᠡᠨ ᠠᠮᠢ ᠲᠠᠰᠤᠯᠤᠨ ᠤᠨᠠᠭᠠᠭᠰᠠᠨ ᠦᠶ᠎ᠡ ᠳ᠋ᠦ᠍ ᠪᠦᠰᠡᠭᠦᠢ ᠬᠥᠮᠦᠨ ᠦ᠌ ᠰᠡᠳᠬᠢᠯ ᠵᠢᠷᠦᠬᠡᠨ ᠳ᠋ᠦ᠍ ᠦᠭᠡ ᠪᠡᠷ ᠢᠯᠡᠷᠬᠡᠢᠯᠡᠮᠡ ᠦᠭᠡᠢ ᠢᠷᠠᠭᠤ ᠮᠡᠳᠡᠷᠡᠮᠵᠢ ᠲᠣᠳᠣᠷᠠᠨ ᠢᠷᠡᠵᠦ᠂ ᠡᠮᠦᠨ᠎ᠡ ᠡᠴᠡ ᠲᠣᠰᠣᠨ ᠪᠣᠢ ᠡᠳᠦᠷ ᠬᠣᠨᠣᠭ ᠤᠳ᠂ᠢᠷᠡᠭᠡᠳᠦᠢ ᠨᠢ ᠪᠦᠬᠦᠯᠢ ᠳ᠋ᠡᠭᠡᠨ ᠥᠪᠡᠷ ᠦ᠋ᠨ ᠲᠥᠯᠥᠭᠡ ᠪᠤᠰᠤ ᠳᠥᠩᠭᠡᠵᠦ ᠰᠠᠶᠢ ᠲᠠᠰᠤᠷᠠᠨ ᠤᠨᠠᠭᠰᠠᠨ ᠨᠢᠭᠡᠨ ᠠᠮᠢᠨ ᠤ᠋ ᠲᠥᠯᠥᠭᠡ ᠦᠷᠭᠦᠯᠵᠢᠯᠡᠳᠡᠭ ᠶᠤᠮ ᠪᠣᠯᠪᠠ ᠤᠤ》 ᠭᠡᠰᠡᠨ ᠪᠣᠳᠣᠯ ᠳᠡᠭᠡᠬᠡᠨ ᠬᠠᠵᠠᠭᠤ ᠳᠤ ᠪᠠᠨ ᠦᠨᠡᠭᠡᠴᠢᠯᠡᠨ ᠪᠠᠢᠬᠤ ᠪᠢᠴᠢᠬᠠᠨ ᠬᠦᠦ ᠪᠡᠨ ᠬᠠᠷᠠᠨ ᠰᠠᠭᠤᠭᠰᠠᠨ ᠲᠡᠷᠡ ᠡᠳᠦᠷ ᠰᠣᠷᠬᠠᠨᠳᠠᠨᠢ ᠳ᠋ᠤ᠌ ᠲᠣᠳᠣᠬᠠᠨ ᠰᠠᠨᠠᠭᠳᠠᠨ᠎ᠠ᠂《ᠡᠨᠡ ᠪᠦᠬᠦ ᠮᠡᠳᠡᠷᠡᠮᠵᠢ ᠡᠬᠡ ᠬᠥᠮᠦᠨ ᠪᠦᠷᠢ ᠶ᠋ᠢᠨ ᠵᠢᠷᠦᠬᠡᠨ ᠡᠴᠡ ᠭᠠᠷᠴᠤ ᠰᠡᠳᠬᠢᠯ ᠢ᠋ᠶ᠋ᠡᠷ ᠳᠠᠮᠵᠢᠨ ᠣᠶᠤᠨ ᠪᠣᠳᠣᠯ ᠳ᠋ᠤ᠌ ᠬᠦᠷᠳᠡᠭ ᠪᠠᠢᠵᠤ ᠪᠣᠯᠬᠤ ᠶᠤᠮ᠃ ᠤᠷᠢᠳ ᠡᠮᠦᠨ᠎ᠡ ᠮᠡᠳᠡᠷᠡᠵᠦ ᠪᠠᠢᠭ᠎ᠠ ᠦᠭᠡᠢ ᠲᠡᠢᠮᠦ ᠶᠡᠬᠡ ᠬᠠᠢᠷ᠎ᠠ ᠂ ᠡᠩᠬᠦᠷᠡᠢᠯᠡᠯ᠂ᠢᠷᠡᠭᠡᠳᠦᠢ ᠶ᠋ᠢᠨ ᠲᠥᠯᠥᠭᠡ ᠬᠢ ᠵᠣᠪᠠᠨᠢᠯ ᠵᠡᠷᠭᠡᠴᠡᠨ ᠣᠷᠣᠵᠤ ᠢᠷᠡᠵᠦ ᠪᠠᠢᠬᠤ ᠲᠡᠷᠡ ᠠᠭᠱᠠᠨ ᠳ᠋ᠤ᠌ ᠡᠮᠡᠭᠲᠡᠢ ᠬᠥᠮᠦᠨ ᠳ᠋ᠦ᠍ ᠡᠬᠡ ᠶ᠋ᠢᠨ ᠰᠡᠳᠬᠢᠯ ᠪᠦᠷᠢᠯᠳᠦᠨ ᠲᠣᠭᠲᠠᠳᠠᠭ ᠪᠢᠵᠡ》 ᠭᠡᠮᠡᠨ ᠰᠤᠷᠬᠠᠭᠲᠠᠨᠢ ᠬᠠᠲᠤᠨ ᠮᠥᠩᠬᠡ ᠬᠦᠦ ᠪᠡᠨ ᠲᠥᠷᠥᠭᠦᠯᠦᠭᠰᠡᠨ ᠲᠡᠷᠡ ᠨᠢᠭᠡᠨ ᠡᠳᠦᠷ ᠲᠦ᠍ ᠮᠥᠩᠬᠡ ᠬᠥᠬᠡ ᠲᠡᠭᠷᠢ ᠳ᠋ᠦ᠍ ᠵᠢᠷᠭᠠᠯ ᠤᠨ ᠠᠯᠲᠠᠨ ᠨᠠᠷᠠᠨ ᠮᠠᠨᠳᠤᠨ ᠪᠠᠢᠭᠰᠠᠨ ᠢ᠋ ᠲᠣᠳᠣᠬᠠᠨ ᠰᠠᠨᠠᠵᠤ ᠰᠠᠭᠤᠯ᠎ᠠ᠃ ᠲᠤᠯᠤᠢ ᠵᠢᠨ ᠭᠠᠳᠠᠭ᠎ᠠ ᠣᠯᠠᠨ ᠬᠥᠮᠦᠨ ᠦ᠌ ᠴᠢᠮᠡᠭᠡ ᠭᠠᠷᠴᠤ ᠬᠡᠪᠲᠡᠭᠦᠯ ᠦ᠋ᠳ ᠪᠠᠢᠷᠢ ᠪᠠᠨ ᠡᠵᠡᠯᠡᠨ᠂ᠥᠷᠭᠥᠭᠡ ᠶ᠋ᠢ ᠲᠣᠭᠣᠷᠢᠨ ᠪᠥᠵᠢᠵᠦ ᠪᠠᠢᠬᠤ ᠳ᠋ᠤ᠌ ᠭᠠᠳᠠᠨ᠎ᠠ ᠬᠥᠯ ᠦᠨ ᠴᠢᠮᠡᠭᠡ ᠭᠠᠷᠴᠤ᠂
— ᠬᠠᠭᠠᠨ ᠡᠵᠡᠨ ᠮᠣᠷᠢᠯᠠᠨ ᠢᠷᠡᠯ᠎ᠡ ᠭᠡᠮᠡᠨ ᠭᠠᠳᠠᠨ᠎ᠠ ᠠ᠋ᠴᠠ ᠳᠤᠤᠭᠠᠷᠬᠤ ᠨᠢ ᠰᠣᠨᠣᠰᠲᠠᠯ᠎ᠠ᠃ᠡᠨᠡ ᠦᠶ᠎ᠡ ᠳ᠋ᠦ᠍ ᠴᠢᠩᠭᠢᠰ ᠬᠠᠭᠠᠨ ᠳᠥᠴᠢᠨ ᠨᠠᠰᠤ ᠬᠡᠳᠦᠢᠨᠡᠢ ᠳᠠᠪᠠᠭᠰᠠᠨ ᠪᠠᠢᠪᠠ᠃ ᠲᠡᠷᠡ ᠪᠡᠷ ᠲᠣᠮᠣ ᠬᠦᠦ ᠵᠥᠴᠢ ᠵᠢᠨ ᠬᠠᠮᠲᠤ ᠮᠣᠷᠢᠯᠠᠨ ᠢᠷᠡᠬᠦ ᠨᠢ ᠲᠡᠳᠡ ᠳᠥᠩᠭᠡᠵᠦ ᠰᠠᠶᠢ ᠲᠥᠷᠥᠭᠰᠡᠨ ᠬᠦᠦ ᠶᠢ ᠬᠠᠷᠠᠬᠤ ᠪᠠᠷ ᠢᠷᠡᠭᠰᠡᠨ ᠬᠡᠷᠡᠭ ᠠᠵᠢ᠃ ᠲᠡᠷᠡ ᠪᠡᠷ ᠬᠠᠭᠠᠨ ᠡᠵᠡᠨ ᠦ᠌ ᠰᠦᠷ ᠪᠠᠷ᠎ᠠ ᠪᠠᠷ ᠥᠨᠳᠡᠢᠨ ᠪᠣᠰᠴᠤ᠂ᠬᠦᠨᠳᠦᠳᠬᠡᠯ ᠦᠵᠡᠭᠦᠯᠬᠦ ᠵᠢ ᠬᠦᠰᠡᠭᠰᠡᠨ ᠨᠢᠯᠬ᠎ᠠ ᠪᠡᠶ᠎ᠡ ᠲᠡᠢ ᠪᠡᠷᠢ ᠪᠡᠨ ᠪᠣᠰᠬᠤ ᠬᠡᠷᠡᠭ ᠦᠭᠡᠢ ᠶ᠋ᠢ ᠰᠠᠨᠠᠭᠤᠯᠤᠭᠠᠳ᠂ ᠡᠬᠡ ᠶ᠋ᠢᠨ ᠢ᠋ᠶ᠋ᠡᠨ ᠬᠠᠵᠠᠭᠤ ᠪᠠᠷ ᠦᠨᠡᠭᠡᠴᠢᠯᠡᠨ ᠨᠣᠢᠷᠰᠤᠬᠤ ᠬᠦᠦ ᠶ᠋ᠢ ᠲᠡᠪᠡᠷᠢᠨ ᠠᠯᠬᠤᠭᠰᠠᠭᠠᠷ ᠲᠣᠭᠣᠨᠣᠨ ᠲᠤᠰᠢᠶ᠎ᠠ ᠣᠴᠢᠵᠤ ᠳᠡᠭᠡᠭᠰᠢ ᠡᠷᠭᠦᠨ ᠮᠥᠩᠬᠡ ᠲᠩᠷᠢ ᠳ᠋ᠦ᠍ ᠬᠠᠷᠠᠭᠤᠯᠤᠭᠠᠳ᠂
— ᠮᠥᠩᠬᠡ ᠲᠩᠷᠢ ᠮᠢᠨᠢ᠂ ᠮᠢᠨᠦ ᠠᠴᠢ ᠮᠥᠩᠬᠡ ᠳ᠋ᠦ᠍ ᠬᠠᠢᠷ᠎ᠠ ᠢᠪᠡᠭᠡᠯ ᠢ᠋ᠶ᠋ᠡᠨ ᠬᠠᠢᠷᠠᠯᠠᠭᠲᠤᠨ ᠭᠡᠵᠦ ᠬᠡᠯᠡᠭᠡᠳ ᠬᠦᠦ ᠶ᠋ᠢ ᠲᠡᠪᠡᠷᠢᠭᠰᠡᠨ ᠬᠡᠪ ᠢ᠋ᠶ᠋ᠡᠷ ᠬᠣᠢᠮᠣᠷ ᠲᠤ ᠭᠠᠷᠴᠤ ᠰᠠᠭᠤᠨ ᠬᠡᠰᠡᠭ ᠥᠬᠥᠭᠡᠷᠳᠡᠨ ᠬᠠᠷᠠᠯ᠎ᠠ᠃
— ᠬᠥᠮᠦᠨ ᠭᠡᠳᠡᠭ ᠡᠨᠡ ᠠᠮᠢᠳᠤᠷᠠᠯ ᠠ᠋ᠴᠠ ᠬᠦᠰᠡᠭᠰᠡᠨ ᠪᠦᠬᠦᠨ ᠢ᠋ᠶ᠋ᠡᠨ ᠣᠯᠵᠤ ᠪᠣᠯᠬᠤ ᠴᠤ ᠨᠢᠭᠡ ᠯᠡ ᠵᠦᠢᠯ ᠢ᠋ ᠣᠯᠵᠤ ᠴᠢᠳᠠᠬᠤ ᠦᠭᠡᠢ ᠪᠤᠴᠠᠳᠠᠭ ᠪᠣᠯᠤᠯᠲᠠᠢ᠃ ᠡᠨᠡ ᠠᠮᠢᠳᠤᠷᠠᠯ ᠮᠥᠩᠬᠡ ᠪᠢᠰᠢ ᠶᠤᠮ ᠭᠡᠳᠡᠭ ᠢ᠋ ᠪᠢ ᠥᠨᠥ ᠰᠠᠶᠢ ᠣᠢᠯᠠᠭᠠᠬᠤ ᠪᠣᠯᠤᠯ᠎ᠠ᠃ ᠴᠠᠭ ᠬᠤᠭᠤᠴᠠᠭ᠎ᠠ ᠥᠩᠭᠡᠷᠡᠬᠦ ᠲᠣᠰᠤᠮ ᠨᠠᠰᠤ ᠨᠡᠮᠡᠵᠦ ᠪᠠᠢᠭ᠎ᠠ ᠥᠪᠡᠷ ᠢ᠋ ᠪᠡᠨ᠂ ᠥᠭᠡᠯᠦᠨ ᠡᠬᠡ ᠶ᠋ᠢ ᠪᠡᠨ ᠮᠥᠩᠬᠡ ᠠᠮᠢᠳᠤᠷᠠᠭᠤᠯᠬᠤ ᠬᠦᠴᠦᠨ ᠨᠠᠳᠠ ᠳ᠋ᠤ᠌ ᠪᠤᠤ ᠬᠡᠯᠡ᠂ ᠮᠥᠩᠬᠡ ᠲᠩᠷᠢ ᠳ᠋ᠦ᠍ ᠴᠤ ᠦᠭᠡᠢ ᠪᠣᠯᠤᠯᠲᠠᠢ᠃ ᠭᠡᠪᠡᠴᠦ ᠮᠥᠩᠬᠡ ᠲᠩᠷᠢ ᠶ᠋ᠢᠨ ᠳᠣᠣᠷ᠎ᠠ ᠬᠤᠷᠢᠶᠠᠭᠰᠠᠨ ᠤᠯᠤᠰ᠂ ᠶᠡᠬᠡ ᠮᠣᠩᠭᠣᠯ ᠤ᠋ᠨ ᠲᠥᠷᠥ ᠮᠥᠩᠬᠡᠳᠡ ᠣᠷᠣᠰᠢᠬᠤ ᠤᠴᠢᠷ ᠲᠠᠢ ᠭᠡᠵᠦ ᠰᠠᠨᠠᠨ᠎ᠠ᠃ ᠡᠨᠡ ᠦᠨᠡᠨ ᠢ᠋ ᠪᠡᠯᠭᠡᠳᠡᠨ ᠪᠢ ᠠᠴᠢ ᠬᠦᠦ ᠳ᠋ᠡᠭᠡᠨ ᠮᠥᠩᠬᠡ ᠭᠡᠮᠡᠨ ᠨᠡᠷ᠎ᠡ ᠬᠠᠢᠷᠠᠯᠠᠪᠠ ᠬᠡᠮᠡᠭᠡᠳ ᠬᠦᠦ ᠶ᠋ᠢ ᠡᠬᠡ ᠶ᠋ᠢᠨ ᠬᠢᠨᠢ ᠳᠡᠷᠭᠡᠳᠡ ᠲᠠᠯᠪᠢᠵᠤ᠂ ᠢᠳᠡᠭᠡ ᠰᠢᠭᠦᠰᠦ ᠬᠦᠷᠲᠡᠨ ᠬᠡᠰᠡᠭ ᠰᠠᠭᠤᠭᠠᠳ ᠭᠠᠷᠴᠤ ᠶᠠᠪᠤᠭᠰᠠᠨ ᠪᠢᠯᠡ᠃《ᠬᠠᠭᠠᠨ ᠡᠵᠡᠨ ᠮᠥᠩᠬᠡ ᠪᠤᠰᠤ ᠶ᠋ᠢᠨ ᠬᠣᠷᠸ᠎ᠠ ᠳ᠋ᠤ᠌ ᠢᠷᠡᠭᠰᠡᠨ ᠠᠴᠢ ᠬᠦᠦ ᠳ᠋ᠡᠭᠡᠨ ᠮᠥᠩᠬᠡ ᠨᠠᠰᠤ ᠶ᠋ᠢ ᠪᠢᠰᠢ᠂ ᠮᠥᠩᠬᠡᠳᠡ ᠣᠷᠣᠰᠢᠬᠤ ᠮᠣᠩᠭᠣᠯ ᠲᠥᠷᠥ ᠶ᠋ᠢᠨ ᠦᠨᠡᠨ ᠢ᠋ ᠪᠡᠯᠭᠡᠳᠡᠨ ᠡᠨᠡ ᠨᠡᠷ᠎ᠡ ᠶ᠋ᠢ ᠦᠭᠭᠦᠭᠰᠡᠨ ᠪᠢᠵᠡ》 ᠭᠡᠰᠡᠨ ᠪᠣᠳᠣᠯ ᠲᠡᠭᠡᠭᠡᠨ ᠰᠠᠭᠤᠭᠰᠠᠨ ᠰᠤᠷᠬᠠᠭᠲᠠᠨᠢ ᠬᠠᠲᠤᠨ ᠢ᠋ ᠠᠯᠤᠰ ᠲᠡᠷᠲᠡᠭᠡ ᠤᠷᠤᠭᠤ ᠬᠦᠪᠦᠷᠡᠭᠰᠡᠨ ᠶᠡᠬᠡ ᠳᠤᠷᠠᠰᠤᠮᠵᠢ ᠠ᠋ᠴᠠ ᠨᠢ ᠰᠠᠯᠭᠠᠨ ᠦᠷᠭᠦᠭᠡᠨ ᠦ᠌ ᠭᠠᠳᠠᠨᠠᠬᠢ ᠬᠡᠪᠲᠡᠭᠦᠯ᠂
— ᠬᠠᠭᠠᠨ ᠡᠵᠡᠨ ᠵᠠᠯᠠᠷᠠᠨ ᠢᠷᠡᠯ᠎ᠡ ᠭᠡᠬᠦ ᠨᠢ ᠰᠣᠨᠣᠰᠤᠭᠳᠠᠪᠠ᠃ ᠲᠦᠳᠡ ᠤᠳᠠᠯ ᠦᠭᠡᠢ ᠮᠥᠩᠬᠡ ᠬᠠᠭᠠᠨ᠂ ᠡᠬᠡ ᠶ᠋ᠢᠨ ᠦᠷᠭᠦᠭᠡᠨ ᠳ᠋ᠦ᠍ ᠮᠣᠷᠢᠯᠠᠨ ᠣᠷᠣᠵᠤ ᠢᠷᠡᠪᠡ᠃ ᠲᠡᠷᠡ ᠪᠡᠷ ᠦᠷᠭᠦᠭᠡᠨ ᠦ᠌ ᠬᠣᠢᠮᠣᠷ ᠲᠤ ᠭᠠᠷᠴᠤ ᠰᠠᠭᠤᠯ᠎ᠠ᠃ ᠰᠠᠢᠬᠠᠨ ᠳᠤᠷᠠᠰᠤᠮᠵᠢ ᠠ᠋ᠴᠠ ᠪᠠᠨ ᠰᠠᠯᠤᠨ ᠢᠷᠡᠬᠦ ᠳ᠋ᠦ᠍ ᠬᠡᠴᠡᠭᠦᠦ ᠪᠠᠢᠳᠠᠭ ᠰᠤᠷᠬᠠᠭᠲᠠᠨᠢ ᠶ᠋ᠢᠨ ᠴᠢᠷᠠᠢ ᠳ᠋ᠤ᠌ ᠲᠡᠢᠮᠦ ᠯᠡ ᠪᠠᠶᠠᠷᠲᠤ ᠳᠤᠷᠠᠰᠤᠮᠵᠢ ᠶ᠋ᠢᠨ ᠤᠯᠠ ᠮᠥᠷ ᠬᠡᠪ ᠢ᠋ᠶ᠋ᠡᠷ ᠪᠠᠢᠪᠠ᠃
— ᠬᠦᠦ ᠪᠡᠨ ᠳᠠᠭᠤᠳᠠᠭᠤᠯᠤᠭᠰᠠᠨ ᠪᠠᠢᠬᠤ ᠶ᠋ᠢ ᠦᠵᠡᠪᠡᠯ ᠬᠠᠲᠤᠨ ᠡᠬᠡ ᠳ᠋ᠡᠭᠡᠨ ᠪᠠᠷᠠᠯᠬᠠᠯ ᠦᠭᠡᠢ ᠤᠳᠠᠭᠰᠠᠨ ᠬᠡᠷᠡᠭ ᠪᠠᠢᠵᠠᠢ᠃ ᠥᠷᠥᠰᠢᠶᠡᠯ ᠡᠷᠢᠵᠦ ᠪᠠᠢᠭ᠎ᠠ ᠶ᠋ᠢ ᠮᠢᠨᠢ ᠬᠦᠯᠢᠶᠡᠨ ᠠᠪᠤᠨ᠎ᠠ ᠤᠤ ᠭᠡᠵᠦ ᠬᠡᠯᠡᠪᠡ᠃ ᠰᠤᠷᠬᠠᠭᠲᠠᠨᠢ ᠬᠠᠲᠤᠨ ᠬᠠᠭᠠᠨ ᠡᠵᠡᠨ ᠦ᠌ ᠬᠠᠵᠠᠭᠤ ᠳ᠋ᠠᠬᠢ ᠣᠯᠪᠣᠭ ᠳᠡᠭᠡᠷ᠎ᠡ ᠣᠴᠢᠵᠤ ᠰᠠᠭᠤᠯ᠎ᠠ᠃ ᠲᠡᠷᠡ ᠪᠡᠷ᠄
— ᠪᠢᠳᠡᠨ ᠦ᠌ ᠳᠡᠭᠡᠷ᠎ᠡ ᠡᠴᠢᠭᠡ ᠲᠩᠷᠢ᠂ ᠪᠢᠳᠡᠨ ᠦ᠌ ᠳᠣᠣᠷ᠎ᠠ ᠡᠬᠡ ᠭᠠᠵᠠᠷ ᠰᠢᠷᠣᠢ ᠣᠷᠣᠰᠢᠨ᠎ᠠ᠃ ᠬᠠᠭᠠᠨ ᠬᠠᠷᠠᠴᠤ ᠢᠯᠭᠠᠭ᠎ᠠ ᠦᠭᠡᠢ ᠮᠥᠩᠬᠡ ᠲᠩᠷᠢ ᠶ᠋ᠢᠨ ᠵᠠᠷᠯᠢᠭ ᠢ᠋ᠶ᠋ᠠᠷ ᠪᠠᠢᠭᠠᠯᠢ ᠶ᠋ᠢᠨ ᠬᠦᠴᠦᠨ ᠳᠣᠣᠷ᠎ᠠ ᠣᠷᠣᠰᠢᠳᠠᠭ᠃ ᠲᠩᠷᠢ ᠴᠡᠯᠮᠡᠭ ᠨᠠᠷᠠ ᠲᠠᠢ ᠡᠳᠦᠷ ᠣᠯᠠᠨ ᠴᠤ ᠪᠠᠷᠠᠭᠠᠨ ᠡᠭᠦᠯᠡ ᠬᠤᠷᠠᠵᠤ ᠰᠢᠷᠦᠭᠦᠨ ᠠᠭᠠᠳᠠᠷ ᠪᠠᠭᠤᠨ᠂ ᠠᠶᠤᠩᠭ᠎ᠠ ᠴᠠᠬᠢᠯᠭᠠᠨ ᠢ᠋ᠶ᠋ᠠᠨ ᠢᠯᠡᠭᠡᠬᠦ ᠡᠳᠦᠷ ᠮᠤᠩᠳᠠᠬᠤ ᠦᠭᠡᠢ ᠣᠯᠠᠨ ᠪᠣᠢ ᠭᠡᠮᠡᠨ ᠶᠠᠷᠢᠶ᠎ᠠ ᠪᠠᠨ ᠡᠬᠢᠯᠡᠯ᠎ᠡ᠃ ᠬᠠᠭᠠᠨ ᠡᠵᠡᠨ ᠡᠬᠡ ᠶ᠋ᠢᠨ ᠢ᠋ᠶ᠋ᠡᠨ ᠶᠠᠭᠤᠨ ᠲᠤᠬᠠᠢ ᠶᠠᠷᠢᠵᠤ ᠡᠬᠢᠯᠡᠬᠦ ᠭᠡᠵᠦ ᠪᠠᠢᠭ᠎ᠠ ᠶ᠋ᠢ ᠮᠡᠳᠡᠭᠰᠡᠨ ᠦᠭᠡᠢ ᠲᠤᠯᠠ ᠴᠠᠭᠠᠰᠢ ᠥᠭᠦᠯᠡᠬᠦ ᠶ᠋ᠢ ᠬᠦᠯᠢᠶᠡᠨ ᠰᠣᠨᠣᠰᠤᠨ᠎ᠠ᠃ ᠰᠤᠷᠬᠠᠭᠲᠠᠨᠢ ᠬᠠᠲᠤᠨ᠄
— ᠨᠠᠷᠠ ᠪᠦᠭᠦᠳᠡ ᠶ᠋ᠢᠨ ᠳᠡᠭᠡᠷ᠎ᠡ ᠡᠴᠡ ᠲᠣᠰᠴᠤ ᠠᠵᠠ ᠵᠢᠷᠭᠠᠯ ᠢ᠋ ᠪᠢᠳᠡᠨ ᠳ᠋ᠦ᠍ ᠥᠭᠳᠡᠭ ᠴᠤ ᠪᠢᠳᠡᠨ ᠢ᠋ ᠭᠡᠢᠭᠦᠯᠬᠦ ᠦᠭᠡᠢ ᠡᠳᠦᠷ ᠪᠣᠢ᠃ ᠲᠡᠷᠡ ᠮᠥᠩᠬᠡ ᠲᠩᠷᠢ ᠶ᠋ᠢᠨ ᠬᠠᠤᠯᠢ ᠪᠠᠷ ᠪᠢᠳᠡᠨ ᠳ᠋ᠦ᠍ ᠰᠠᠨᠠᠭᠤᠯᠭ᠎ᠠ ᠥᠭᠴᠦ ᠬᠤᠷ᠎ᠠ ᠤᠰᠤ ᠪᠠᠷ ᠭᠠᠵᠠᠷ ᠳᠡᠯᠡᠬᠡᠢ ᠶ᠋ᠢ ᠠᠷᠢᠭᠤᠰᠬᠠᠵᠤ᠂ ᠠᠶᠤᠩᠭ᠎ᠠ ᠴᠠᠬᠢᠯᠭᠠᠨ ᠢ᠋ᠶ᠋ᠠᠷ ᠢ᠋ᠶ᠋ᠠᠨ ᠭᠡᠮ ᠨᠢᠭᠦᠯ ᠢ᠋ ᠴᠡᠭᠡᠷᠯᠡᠭᠦᠯᠳᠡᠭ᠃ ᠲᠩᠷᠢ ᠶ᠋ᠢᠨ ᠳᠣᠣᠷ᠎ᠠ ᠣᠷᠣᠰᠢᠵᠤ ᠪᠠᠢᠭ᠎ᠠ ᠲᠥᠷᠥ ᠤᠯᠤᠰ᠂ ᠲᠡᠭᠦᠨ ᠦ᠌ ᠬᠠᠭᠠᠨ ᠡᠵᠡᠨ ᠴᠤ ᠮᠥᠨ ᠠᠳᠠᠯᠢ ᠲᠩᠷᠢ ᠳ᠋ᠦ᠍ ᠡᠭᠡᠭᠡᠬᠦ ᠨᠠᠷᠠᠨ ᠠᠳᠠᠯᠢ᠂ ᠲᠡᠨᠳᠡ ᠡᠴᠡ ᠢᠯᠴᠢ ᠭᠡᠷᠡᠯ᠂ ᠬᠤᠷ᠎ᠠ ᠤᠰᠤ ᠪᠠᠨ ᠪᠢᠳᠡᠨ ᠳ᠋ᠦ᠍ ᠢᠯᠭᠠᠨ ᠢᠯᠡᠭᠡᠳᠡᠭ ᠰᠢᠭ ᠬᠠᠲᠠᠭᠤ ᠳ᠋ᠠᠭᠠᠨ ᠬᠠᠲᠠᠭᠤ᠂ ᠵᠥᠭᠡᠯᠡᠨ ᠳ᠋ᠡᠭᠡᠨ ᠵᠥᠭᠡᠯᠡᠨ ᠪᠠᠢᠬᠤ ᠤᠴᠢᠷ ᠲᠠᠢ ᠰᠠᠨ᠃ ᠲᠥᠷᠥ ᠳ᠋ᠦ᠍ ᠲᠡᠷᠰᠯᠡᠭᠰᠡᠨ ᠣᠯᠠᠨ ᠢ᠋ ᠰᠢᠢᠳᠬᠡᠯᠡ᠃ ᠲᠡᠳᠡ ᠮᠥᠩᠬᠡ ᠲᠩᠷᠢ ᠶ᠋ᠢᠨ ᠴᠡᠭᠡᠷᠯᠡᠯ ᠢ᠋ ᠬᠦᠷᠲᠡᠭᠰᠡᠨ ᠬᠡᠷᠡᠭ᠃ ᠲᠩᠷᠢ ᠡᠴᠡ ᠠᠶᠤᠩᠭ᠎ᠠ ᠴᠠᠬᠢᠯᠭᠠᠨ ᠪᠠᠭᠤᠭᠰᠠᠨ ᠤ᠋ ᠳᠠᠷᠠᠭ᠎ᠠ ᠨᠠᠷᠠ ᠮᠠᠨᠳᠤᠨ ᠭᠠᠵᠠᠷ ᠳᠡᠯᠡᠬᠡᠢ ᠶ᠋ᠢ ᠡᠭᠡᠭᠡᠳᠡᠭ ᠰᠢᠭ ᠥᠨᠥ ᠬᠠᠭᠠᠨ ᠡᠵᠡᠨ ᠲᠥᠷᠥ ᠤᠯᠤᠰ ᠲᠠᠭᠠᠨ ᠨᠠᠷᠠ ᠮᠠᠨᠳᠤᠭᠤᠯᠬᠤ ᠴᠠᠭ ᠢᠷᠡᠭᠰᠡᠨ ᠭᠡᠵᠦ ᠰᠠᠨᠠᠨ᠎ᠠ᠃ ᠰᠠᠶᠢ ᠶ᠋ᠢᠨ ᠬᠡᠷᠡᠭ ᠶᠠᠪᠤᠳᠠᠯ ᠤ᠋ᠳ ᠠ᠋ᠴᠠ ᠪᠣᠯᠵᠤ ᠲᠦᠮᠡᠨ ᠣᠯᠠᠨ ᠤ᠋ ᠵᠢᠷᠦᠬᠡᠨ ᠳ᠋ᠦ᠍ ᠠᠢᠳᠠᠰ ᠬᠤᠷᠠᠬᠤ ᠪᠣᠯᠤᠯ᠎ᠠ᠃ ᠠᠮᠤᠷ ᠲᠠᠢᠪᠤᠩ ᠢ᠋ ᠣᠯᠵᠤ ᠪᠠᠢᠨ᠎ᠠ ᠭᠡᠵᠦ ᠢᠲᠡᠭᠡᠵᠦ ᠰᠠᠭᠤᠭ᠎ᠠ ᠠᠷᠠᠳ ᠣᠯᠠᠨ ᠴᠢᠨᠢ ᠦᠢᠮᠡᠵᠦ ᠡᠬᠢᠯᠡᠯ᠎ᠡ᠃ ᠴᠡᠭᠡᠷᠯᠡᠯ ᠪᠠᠢᠬᠤ ᠶᠣᠰᠣᠲᠠᠢ ᠴᠤ ᠨᠢᠭᠦᠯᠡᠰᠦᠯ ᠪᠠᠢᠬᠤ ᠶᠣᠰᠣᠲᠠᠢ ᠶ᠋ᠢ ᠮᠠᠷᠲᠠᠵᠤ ᠪᠣᠯᠬᠤ ᠦᠭᠡᠢ ᠭᠡᠮᠡᠨ ᠬᠡᠯᠡᠪᠡ᠃
ᠮᠥᠩᠬᠡ ᠬᠠᠭᠠᠨ ᠡᠨᠡ ᠤᠳᠠᠭ᠎ᠠ ᠳ᠋ᠤ᠌ ᠡᠬᠡ ᠨᠢ ᠵᠦᠭᠡᠷ ᠴᠤ ᠨᠢᠭᠡ ᠳᠠᠭᠤᠳᠠᠭᠤᠯᠤᠭᠠ ᠦᠭᠡᠢ ᠪᠠᠢᠬᠤ ᠶ᠋ᠢ ᠣᠢᠯᠠᠭᠠᠪᠠ᠃ ᠲᠡᠷᠡ ᠪᠡᠷ᠄
— ᠡᠵᠢ ᠮᠢᠨᠢ᠂ ᠬᠦᠦ ᠨᠢ ᠶᠡᠬᠡ ᠡᠵᠡᠨ ᠴᠢᠩᠭᠢᠰ ᠬᠠᠭᠠᠨ ᠤ᠋ ᠶᠡᠬᠡ ᠵᠠᠰᠠᠭ ᠬᠠᠤᠯᠢ ᠶ᠋ᠢᠨ ᠶᠠᠮᠠᠷ ᠴᠤ ᠵᠢᠭᠠᠯᠲᠠ ᠠ᠋ᠴᠠ ᠴᠤ ᠬᠠᠵᠠᠢᠭᠠ ᠦᠭᠡᠢ ᠭᠡᠵᠦ ᠰᠠᠨᠠᠵᠤ ᠶᠠᠪᠤᠯ᠎ᠠ᠃ ᠶᠡᠬᠡ ᠬᠠᠭᠠᠳ ᠤ᠋ᠨ ᠠᠯᠳᠠᠭ᠎ᠠ ᠤᠨᠤᠭ᠎ᠠ ᠶ᠋ᠢ ᠡᠬᠡ ᠶ᠋ᠢᠨ ᠦᠨᠡᠨ ᠦᠭᠡ ᠲᠡᠢ ᠰᠣᠨᠣᠰᠴᠤ ᠥᠰᠦᠭᠰᠡᠨ ᠬᠦᠦ ᠨᠢ ᠡᠨᠡ ᠤᠳᠠᠭ᠎ᠠ ᠳ᠋ᠤ᠌ ᠴᠤ ᠲᠠᠨ ᠤ᠋ ᠪᠠᠨ ᠦᠭᠡ ᠶ᠋ᠢ ᠠᠪᠴᠤ᠂ ᠮᠥᠩᠬᠡ ᠲᠩᠷᠢ ᠶ᠋ᠢᠨ ᠨᠠᠷᠠ ᠶ᠋ᠢ ᠭᠠᠵᠠᠷ ᠲᠤ ᠮᠠᠨᠳᠤᠭᠤᠯᠬᠤ ᠤᠴᠢᠷ ᠲᠠᠢ ᠪᠠᠨ ᠮᠡᠳᠡᠯ᠎ᠡ ᠭᠡᠮᠡᠨ ᠬᠡᠯᠡᠪᠡ᠃ ᠰᠤᠷᠬᠠᠭᠲᠠᠨᠢ ᠬᠠᠲᠤᠨ᠄
— ᠡᠵᠢ ᠨᠢ ᠴᠢᠮᠠᠶ᠋ᠢ ᠣᠢᠯᠠᠭᠠᠵᠤ ᠪᠠᠢᠨ᠎ᠠ᠃ ᠬᠠᠭᠠᠨ ᠡᠵᠡᠨ ᠶᠡᠬᠡ ᠮᠣᠩᠭᠣᠯ ᠤ᠋ᠨ ᠲᠥᠷᠥ ᠳᠦ ᠦᠨᠡᠨᠴᠢ ᠶ᠋ᠢᠨ ᠤᠴᠢᠷ᠂ ᠲᠥᠷᠥ ᠳᠦ ᠲᠡᠷᠰᠯᠡᠭᠰᠡᠨ ᠬᠥᠮᠦᠰ ᠢ᠋ ᠰᠢᠳᠬᠡᠭᠰᠡᠨ ᠪᠣᠯᠬᠤ ᠶ᠋ᠢ ᠴᠤ ᠮᠡᠳᠡᠵᠦ ᠪᠠᠢᠨ᠎ᠠ᠃ ᠨᠢᠭᠡ ᠤᠳᠠᠭ᠎ᠠ ᠪᠢ ᠬᠡᠯᠡᠵᠦ ᠪᠠᠢᠭᠰᠠᠨ᠃ ᠬᠥᠮᠦᠨ ᠦ᠌ ᠰᠡᠳᠬᠢᠯ ᠢ᠋ ᠡᠳ᠋ ᠬᠥᠷᠥᠩᠭᠡ ᠪᠡᠷ ᠨᠢᠭᠡ ᠤᠳᠠᠭ᠎ᠠ ᠲᠣᠭᠲᠠᠭᠠᠨ ᠪᠠᠷᠢᠵᠤ ᠪᠣᠯᠳᠠᠭ᠂ ᠬᠦᠴᠦ ᠪᠡᠷ ᠨᠡᠯᠢᠶᠡᠳ ᠤᠳᠠᠭᠠᠨ ᠲᠣᠭᠲᠠᠭᠠᠨ ᠪᠠᠷᠢᠳᠠᠭ ᠴᠤ ᠤᠬᠠᠭᠠᠨ ᠢ᠋ᠶ᠋ᠠᠷ ᠨᠢᠭᠡ ᠨᠠᠰᠤ ᠪᠠᠷ ᠨᠢ ᠥᠪᠡᠷ ᠦ᠋ᠨ ᠳᠡᠷᠭᠡᠳᠡ ᠲᠠᠲᠠᠳᠠᠭ ᠭᠡᠰᠡᠨ ᠦᠨᠡᠨ ᠢ᠋ ᠬᠡᠯᠡᠬᠦ ᠳ᠋ᠦ᠍ ᠮᠥᠩᠬᠡ ᠬᠠᠭᠠᠨ᠄
— ᠡᠬᠡ ᠶ᠋ᠢᠨ ᠢ᠋ᠶ᠋ᠡᠨ ᠦᠭᠡ ᠶ᠋ᠢ ᠣᠢᠯᠠᠭᠠᠯ᠎ᠠ᠃ ᠬᠦᠴᠦ ᠪᠡᠷ ᠪᠤᠰᠤ᠂ ᠤᠬᠠᠭᠠᠨ ᠢ᠋ᠶ᠋ᠠᠷ ᠲᠣᠭᠲᠠᠭᠠᠬᠤ ᠴᠠᠭ ᠢᠷᠡᠵᠡᠢ ᠭᠡᠳᠡᠭ ᠢ᠋ ᠪᠢ ᠮᠡᠳᠡᠯ᠎ᠡ ᠬᠡᠮᠡᠬᠦ ᠳ᠋ᠦ᠍ ᠰᠤᠷᠬᠠᠭᠲᠠᠨᠢ ᠬᠠᠲᠤᠨ᠄
— ᠠᠯᠢᠪᠠ ᠵᠦᠢᠯ ᠢ᠋ ᠵᠦᠩ ᠢ᠋ᠶ᠋ᠡᠷ ᠨᠢ ᠬᠢᠵᠦ ᠴᠢᠳᠠᠳᠠᠭ ᠬᠥᠮᠦᠨ ᠯᠡ ᠤᠳᠤᠷᠢᠳᠤᠭᠴᠢ ᠪᠤᠶᠤ ᠬᠠᠭᠠᠨ ᠪᠠᠢᠳᠠᠭ ᠬᠡᠮᠡᠪᠡ᠃
ᠲᠡᠮᠡᠭᠡᠨ ᠵᠢᠩ ᠦ᠋ᠨ ᠴᠤᠪᠤᠭ᠎ᠠ ᠠᠭᠤᠯᠠ ᠶ᠋ᠢᠨ ᠬᠥᠲᠥᠯ ᠳᠠᠪᠠᠨ ᠭᠠᠷᠴᠤ ᠢᠷᠡᠯ᠎ᠡ᠃ ᠵᠢᠩᠴᠢᠳ ᠦ᠋ᠨ ᠪᠠᠢᠷᠢ ᠪᠠᠢᠳᠠᠯ ᠢ᠋ ᠬᠠᠷᠠᠪᠠᠯ ᠣᠯᠠᠨ ᠬᠣᠨᠣᠭ ᠤ᠋ᠨ ᠠᠶᠠᠨ ᠵᠠᠮ ᠳ᠋ᠤ᠌ ᠶᠠᠳᠠᠷᠠᠭᠰᠠᠨ ᠰᠢᠨᠵᠢ ᠲᠡᠢ ᠬᠠᠷᠠᠭᠳᠠᠨ᠎ᠠ᠃ ᠲᠡᠳᠡᠨ ᠦ᠌ ᠵᠠᠷᠢᠮ ᠨᠢ ᠬᠠᠲᠠᠭᠰᠠᠨ ᠤᠷᠤᠭᠤᠯ ᠢ᠋ᠶ᠋ᠠᠨ ᠳᠣᠯᠢᠶᠠᠨ ᠴᠢᠭᠢᠭᠯᠡᠵᠦ ᠪᠠᠢᠭ᠎ᠠ ᠶ᠋ᠢ ᠦᠵᠡᠪᠡᠯ ᠤᠰᠤ ᠤᠮᠳᠠ ᠦᠭᠡᠢ ᠶᠡᠬᠡ ᠲᠠᠯ᠎ᠠ ᠶ᠋ᠢ ᠲᠤᠭᠤᠯᠤᠭᠰᠠᠨ ᠨᠢ ᠢᠯᠡᠳᠲᠡ᠃ ᠬᠥᠲᠥᠯ ᠳᠠᠪᠠᠨ ᠭᠠᠷᠴᠤ ᠢᠷᠡᠭᠰᠡᠨ ᠵᠢᠩ ᠦ᠋ᠨ ᠴᠣᠪᠣᠭᠠᠨ ᠤ᠋ ᠡᠮᠦᠨ᠎ᠡ ᠨᠢ ᠶᠠᠪᠤᠭ᠎ᠠ ᠬᠥᠮᠦᠨ ᠵᠢᠷᠭᠠᠵᠤ ᠪᠣᠢ ᠨᠠᠷᠠᠨ ᠤ᠋ ᠭᠡᠷᠡᠯ ᠲᠡᠢ ᠰᠦᠯᠡᠯᠳᠦᠨ᠂ᠠᠯᠤᠰ ᠠ᠋ᠴᠠ ᠲᠤᠶᠠᠭᠠᠷᠠᠨ ᠬᠠᠷᠠᠭᠳᠠᠬᠤ ᠶᠡᠬᠡ ᠬᠣᠲᠠ ᠶ᠋ᠢᠨ ᠪᠠᠷ᠎ᠠ ᠶ᠋ᠢ ᠣᠯᠵᠤ ᠬᠠᠷᠠᠪᠠ᠃ ᠴᠣᠪᠤᠭᠠᠨ ᠤ᠋ ᠡᠬᠢᠨ ᠡᠴᠡ᠂
— ᠬᠣᠲᠠ ᠶ᠋ᠢᠨ ᠪᠠᠷ᠎ᠠ ᠬᠠᠷᠠᠭᠳᠠᠯ᠎ᠠ ᠭᠡᠵᠦ ᠬᠡᠯᠡᠬᠦ ᠨᠢ ᠬᠣᠢᠨ᠎ᠠ ᠶᠠᠪᠤᠭ᠎ᠠ ᠬᠥᠮᠦᠰ ᠲᠦ᠍ ᠰᠣᠨᠣᠰᠤᠭᠳᠠᠵᠤ ᠲᠡᠳᠡᠨ ᠦ᠌ ᠴᠢᠷᠠᠢ ᠳ᠋ᠤ᠌ ᠪᠠᠶᠠᠷ ᠲᠣᠳᠣᠷᠠᠨ ᠢᠷᠡᠯ᠎ᠡ᠃ ᠵᠢᠷᠭᠠᠵᠤ ᠪᠣᠢ ᠨᠠᠷᠠᠨ ᠤ᠋ ᠭᠡᠷᠡᠯ ᠲᠡᠷᠲᠡᠭᠡ ᠠᠭᠤᠯᠠᠰ ᠤ᠋ᠨ ᠴᠠᠭᠠᠭᠤᠷ ᠳᠠᠪᠠᠨ ᠣᠷᠣᠬᠤ ᠶ᠋ᠢᠨ ᠡᠮᠦᠨ᠎ᠡ᠂ ᠶᠡᠬᠡ ᠬᠣᠲᠠ ᠶ᠋ᠢᠨ ᠥᠩᠭᠡ ᠦᠵᠡᠮᠵᠢ ᠶ᠋ᠢ ᠲᠡᠳᠡᠨ ᠦ᠌ ᠡᠮᠦᠨ᠎ᠡ ᠤᠯᠠᠮ ᠭᠣᠶᠣᠮᠰᠣᠭ ᠪᠣᠯᠭᠠᠨ ᠬᠠᠷᠠᠭᠤᠯᠤᠭᠠᠳ ᠠᠭᠤᠯᠠ ᠶ᠋ᠢᠨ ᠴᠠᠭᠠᠭᠤᠷ ᠣᠷᠣᠬᠤ ᠭᠡᠵᠦ ᠪᠣᠢ ᠮᠡᠲᠦ ᠳᠣᠭᠣᠭᠰᠢᠯᠠᠨ ᠪᠠᠢᠪᠠ᠃ ᠬᠣᠲᠠ ᠶ᠋ᠢᠨ ᠳᠥᠷᠪᠡᠨ ᠲᠠᠯ᠎ᠠ ᠪᠠᠷ ᠤᠷᠲᠤ ᠬᠡᠷᠡᠮ ᠪᠤᠰᠬᠠᠵᠠᠢ᠃ ᠣᠯᠠᠨ ᠬᠣᠨᠣᠭ ᠤᠰᠤ ᠤᠮᠳᠠ ᠦᠭᠡᠢ ᠬᠣᠯᠠ ᠵᠠᠮ ᠢ᠋ ᠲᠤᠭᠤᠯᠤᠭᠰᠠᠨ ᠬᠥᠮᠦᠰ ᠬᠣᠲᠠ ᠶ᠋ᠢᠨ ᠵᠡᠭᠦᠨ ᠬᠠᠭᠠᠯᠭᠠᠨ ᠳ᠋ᠤ᠌ ᠲᠤᠯᠵᠤ ᠢᠷᠡᠯ᠎ᠡ᠃ᠬᠠᠭᠠᠯᠭᠠᠨ ᠤ᠋ ᠭᠠᠳᠠᠭ᠎ᠠ ᠬᠡᠳᠦ ᠬᠡᠳᠦᠨ ᠨᠠᠮᠬᠠᠨ ᠪᠠᠷᠢᠯᠭ᠎ᠠ ᠪᠠᠢᠬᠤ ᠠᠭᠠᠳ ᠬᠠᠭᠠᠯᠭ᠎ᠠ ᠤᠷᠤᠭᠤ ᠣᠷᠣᠬᠤ ᠵᠠᠮ ᠤ᠋ᠨ ᠬᠣᠶᠠᠷ ᠲᠠᠯ᠎ᠠ ᠪᠠᠷ ᠭᠠᠵᠠᠷ ᠭᠠᠵᠠᠷ ᠠ᠋ᠴᠠ ᠢᠷᠡᠭᠰᠡᠨ ᠪᠣᠯᠤᠯᠲᠠᠢ᠂ ᠥᠭᠡᠷ᠎ᠡ ᠥᠭᠡᠷ᠎ᠡ ᠵᠢᠰᠦ ᠴᠢᠷᠠᠢ ᠲᠠᠢ ᠬᠥᠮᠦᠰ ᠵᠣᠭᠰᠣᠵᠤ ᠬᠠᠷᠠᠭᠳᠠᠨ᠎ᠠ᠃ ᠲᠡᠳᠡᠨ ᠦ᠌ ᠵᠠᠷᠢᠮ ᠨᠢ ᠬᠤᠳᠠᠯᠳᠤᠭ᠎ᠠ ᠮᠠᠢᠮᠠᠢ ᠬᠢᠵᠦ᠂ ᠵᠠᠷᠢᠮ ᠨᠢ ᠥᠭᠯᠢᠭᠡ ᠬᠡᠰᠢᠭ ᠭᠣᠷᠢᠯᠠᠨ ᠪᠠᠢᠬᠤ ᠠᠵᠢ᠃
ᠵᠢᠩ ᠦ᠋ᠨ ᠴᠤᠪᠤᠭ᠎ᠠ ᠠᠯᠭᠤᠷ ᠶᠠᠪᠤᠭᠰᠠᠭᠠᠷ ᠬᠣᠲᠠ ᠶ᠋ᠢᠨ ᠵᠡᠭᠦᠨ ᠬᠠᠭᠠᠯᠭ᠎ᠠ ᠪᠠᠷ ᠶᠠᠪᠤᠵᠤ ᠣᠷᠣᠯ᠎ᠠ᠃ ᠬᠠᠭᠠᠯᠭ᠎ᠠ ᠪᠠᠷ ᠶᠠᠪᠤᠵᠤ ᠣᠷᠣᠬᠤ ᠳ᠋ᠤ᠌ ᠲᠡᠳᠡᠨ ᠦ᠌ ᠥᠭᠡᠳᠡ ᠡᠴᠡ ᠤᠷᠲᠤ ᠵᠠᠮ ᠤᠭᠲᠤᠨ ᠠᠪᠤᠪᠠ᠃ ᠡᠨᠳᠡ ᠵᠠᠮ ᠢ᠋ᠶ᠋ᠠᠷ ᠬᠡᠳᠦ ᠬᠡᠳᠦᠨ ᠵᠢᠩ ᠦ᠋ᠨ ᠴᠤᠪᠤᠭ᠎ᠠ ᠵᠥᠷᠢᠨ ᠥᠩᠭᠡᠷᠡᠬᠦ ᠳ᠋ᠦ᠍ ᠴᠠᠭᠠᠨ᠎ᠠ ᠨᠢ ᠠᠬᠢᠭᠠᠳ ᠵᠠᠢ ᠦᠯᠡᠳᠡᠬᠦ ᠪᠡᠷ ᠥᠷᠭᠡᠨ ᠠᠵᠤᠭᠤ᠃ ᠡᠷᠭᠢᠨ ᠲᠣᠭᠣᠷᠢᠨ ᠬᠠᠨ᠎ᠠ ᠬᠡᠷᠡᠮ ᠢ᠋ᠶ᠋ᠡᠷ ᠬᠦᠷᠢᠶᠡᠯᠡᠭᠳᠡᠭᠰᠡᠨ ᠡᠨᠡ ᠬᠣᠲᠠ ᠳ᠋ᠤ᠌ ᠣᠷᠣᠬᠤ ᠥᠭᠡᠷ᠎ᠡ ᠬᠠᠭᠠᠯᠭ᠎ᠠ ᠬᠣᠪᠣᠷ ᠮᠡᠲᠦ᠃ ᠥᠷᠭᠡᠨ ᠭᠤᠳᠤᠮᠵᠢ ᠪᠠᠷ ᠶᠠᠪᠤᠬᠤ ᠳ᠋ᠤ᠌ ᠵᠠᠮ ᠤ᠋ᠨ ᠬᠣᠶᠠᠷ ᠲᠠᠯ᠎ᠠ ᠪᠠᠷ ᠭᠠᠷ ᠤᠷᠠᠴᠤᠳ ᠤ᠋ᠨ ᠪᠦᠲᠦᠭᠡᠯ ᠳᠡᠯᠭᠡᠭᠡᠰᠦᠲᠡᠢ᠃ ᠡᠮᠦᠨ᠎ᠡ ᠵᠦᠭ ᠦ᠋ᠨ ᠲᠣᠷᠭ᠎ᠠ ᠳᠤᠷᠳᠤᠩ᠂ ᠳᠠᠯᠠᠢ ᠶ᠋ᠢᠨ ᠰᠤᠪᠤᠳ᠂ ᠠᠩ ᠤ᠋ᠨ ᠦᠰᠦ᠂ ᠬᠣᠢᠲᠤ ᠭᠠᠵᠠᠷ ᠤ᠋ᠨ ᠴᠠᠮᠢᠨ ᠬᠢᠴᠡ ᠲᠡᠢ ᠮᠣᠳᠣᠨ ᠡᠳ᠋ᠯᠡᠯ ᠦ᠋ᠳ ᠢ᠋ ᠡᠩᠨᠡᠭᠦᠯᠦᠨ ᠲᠠᠯᠪᠢᠵᠤ ᠠᠷᠠᠯᠵᠢᠶᠠᠯᠠᠬᠤ ᠠᠵᠢ᠃ ᠴᠠᠭᠠᠰᠢ ᠬᠡᠰᠡᠭ ᠶᠠᠪᠤᠬᠤ ᠳ᠋ᠤ᠌ ᠨᠠᠮᠬᠠᠪᠲᠤᠷ ᠪᠠᠢᠰᠢᠩ ᠤ᠋ᠳ ᠤ᠋ᠨ ᠭᠠᠳᠠᠭ᠎ᠠ ᠤᠷᠠᠨ ᠳᠠᠷᠬᠠᠴᠤᠳ ᠠᠯᠲᠠ ᠮᠥᠩᠭᠥ ᠳᠠᠪᠲᠠᠨ ᠪᠣᠢ ᠪᠣᠯᠤᠯᠲᠠᠢ᠂ ᠵᠤᠨ ᠤ᠋ ᠬᠠᠯᠠᠭᠤᠨ ᠳ᠋ᠤ᠌ ᠢᠯᠡᠳᠲᠡ ᠨᠣᠵᠣᠭᠣᠷᠠᠭᠰᠠᠨ ᠦᠵᠡᠭᠳᠡᠨ᠎ᠡ᠃ ᠲᠡᠳᠡᠨ ᠡᠴᠡ ᠬᠣᠯᠠ ᠦᠭᠡᠢᠬᠡᠨ ᠢᠰᠯᠠᠮ ᠱᠠᠰᠢᠨᠲᠠᠨ ᠨᠤᠭᠤᠳ ᠤ᠋ᠨ ᠰᠦᠮ᠎ᠡ ᠬᠡᠢᠳ ᠪᠠᠢᠬᠤ ᠠᠭᠠᠳ ᠲᠣᠯᠣᠭᠠᠢ ᠪᠠᠨ ᠴᠠᠭᠠᠨ ᠠᠯᠴᠢᠭᠤᠷ ᠢ᠋ᠶ᠋ᠠᠷ ᠣᠷᠢᠶᠠᠵᠤ᠂ ᠱᠠᠭ᠎ᠠ ᠪᠠᠨ ᠬᠦᠷᠦᠭᠰᠡᠨ ᠤᠷᠲᠤ ᠴᠠᠭᠠᠨ ᠡᠮᠦᠰᠬᠡᠯ ᠡᠮᠦᠰᠦᠭᠰᠡᠨ ᠬᠥᠮᠦᠰ ᠵᠠᠯᠪᠠᠷᠢᠯ ᠦᠢᠯᠡᠳᠦᠨ ᠭᠠᠵᠠᠷ ᠲᠤ᠌ ᠰᠥᠭᠥᠳᠦᠨ ᠰᠠᠭᠤᠭᠰᠠᠨ ᠨᠢ ᠬᠠᠷᠠᠭᠳᠠᠨ᠎ᠠ᠃
ᠵᠢᠩ ᠦ᠋ᠨ ᠴᠤᠪᠤᠭ᠎ᠠ ᠴᠠᠭᠠᠰᠢᠯᠠᠨ ᠶᠠᠪᠤᠬᠤ ᠲᠣᠰᠤᠮ ᠵᠠᠮ ᠤ᠋ᠨ ᠬᠠᠵᠠᠭᠤ ᠪᠠᠷ ᠦᠷᠦᠭᠡᠰᠦᠲᠡᠢ ᠭᠠᠵᠠᠷ ᠭᠠᠵᠠᠷ ᠤ᠋ᠨ ᠬᠣᠪᠣᠷ ᠴᠠᠮᠢᠨ ᠡᠳ᠋ᠯᠡᠯ ᠦ᠋ᠳ ᠪᠠᠭᠠᠰᠴᠤ᠂ ᠤᠷᠠᠨ ᠳᠠᠷᠬᠠᠴᠤᠳ ᠤ᠋ᠨ ᠪᠦᠲᠦᠭᠡᠯ ᠳᠡᠯᠭᠡᠭᠰᠡᠨ ᠭᠤᠳᠤᠮᠵᠢ ᠪᠠᠷ ᠶᠠᠪᠤᠵᠤ ᠣᠷᠣᠪᠠ᠃ ᠪᠦᠰᠡᠭᠦᠢ ᠬᠥᠮᠦᠨ ᠦ᠌ ᠲᠣᠯᠣᠭᠠᠢ ᠶ᠋ᠢᠨ ᠪᠣᠭᠣᠯᠲᠠᠨ ᠠ᠋ᠴᠠ ᠡᠬᠢᠯᠡᠭᠡᠳ ᠡᠭᠡᠮᠦᠭ ᠪᠥᠭᠡᠵᠢ᠂ ᠬᠠᠵᠠᠭᠠᠷ ᠨᠣᠭᠲᠣ᠂ ᠭᠠᠩ ᠳᠥᠷᠥᠭᠡ᠂ ᠰᠡᠯᠡᠮ᠎ᠡ ᠵᠢᠳᠠ᠂ ᠡᠮᠡᠭᠡᠯ ᠦ᠋ᠨ ᠬᠡᠷᠡᠭᠰᠡᠯ ᠬᠦᠷᠲᠡᠯ᠎ᠡ ᠦᠷᠭᠦᠯᠵᠢᠯᠡᠨ᠎ᠡ᠃ ᠬᠣᠲᠠ ᠶ᠋ᠢᠨ ᠲᠥᠪ ᠲᠦ᠍ ᠶᠠᠪᠤᠵᠤ ᠬᠦᠷᠪᠡᠰᠦ ᠲᠡᠳᠡᠨ ᠢ᠋ ᠳᠠᠭᠠᠭᠤᠯᠤᠨ ᠶᠠᠪᠤᠭᠰᠠᠨ ᠥᠷᠭᠡᠨ ᠵᠠᠮ᠂ ᠳᠥᠷᠪᠡᠨ ᠲᠠᠢᠰᠢ ᠰᠠᠯᠠᠭᠠᠯᠠᠨ ᠣᠳᠤᠭᠰᠠᠨ ᠪᠠᠢᠬᠤ ᠠᠭᠠᠳ ᠬᠣᠢᠨ᠎ᠠ ᠠ᠋ᠴᠠ ᠤᠷᠤᠭᠰᠢ ᠲᠠᠲᠠᠭᠰᠠᠨ ᠵᠠᠮ᠂ ᠵᠡᠭᠦᠨ ᠬᠠᠭᠠᠯᠭ᠎ᠠ ᠪᠠᠷ ᠣᠷᠣᠵᠤ ᠢᠷᠡᠬᠦ ᠳ᠋ᠦ᠍ ᠲᠤᠰᠤᠭᠰᠠᠨ ᠵᠠᠮ ᠠ᠋ᠴᠠ ᠤᠯᠠᠮ ᠥᠷᠭᠡᠨ ᠠᠭᠤᠵᠢᠮ ᠬᠠᠷᠠᠭᠳᠠᠨ᠎ᠠ᠃ ᠡᠨᠡ ᠣᠭᠲᠣᠯᠤᠯᠴᠠᠭᠰᠠᠨ ᠵᠠᠮ ᠬᠣᠲᠠ ᠶ᠋ᠢᠨ ᠳᠥᠷᠪᠡᠨ ᠲᠠᠯ᠎ᠠ ᠶ᠋ᠢᠨ ᠬᠠᠨ᠎ᠠ ᠶ᠋ᠢ ᠴᠢᠭᠯᠡᠭᠰᠡᠨ ᠪᠠᠢᠭ᠎ᠠ ᠨᠢ ᠡᠨᠡ ᠬᠣᠲᠠ ᠶ᠋ᠢ ᠬᠦᠷᠢᠶᠡᠯᠡᠭᠰᠡᠨ ᠬᠡᠷᠡᠮ ᠳᠥᠷᠪᠡᠨ ᠲᠠᠯ᠎ᠠ ᠳ᠋ᠠᠭᠠᠨ ᠬᠠᠭᠠᠯᠭ᠎ᠠ ᠲᠠᠢ ᠶ᠋ᠢ ᠢᠯᠡᠳᠬᠡᠨ᠎ᠡ᠃ ᠳᠥᠷᠪᠡᠨ ᠵᠠᠮ ᠤ᠋ᠨ ᠠᠭᠤᠯᠵᠠᠷ ᠢ᠋ᠶ᠋ᠠᠷ ᠬᠣᠢᠰᠢ ᠡᠷᠭᠢᠨ ᠶᠠᠪᠤᠬᠤ ᠳ᠋ᠤ᠌ ᠲᠥᠪ ᠵᠠᠮ ᠢᠯᠡᠭᠦᠦ ᠥᠷᠭᠡᠨ ᠠᠭᠤᠵᠢᠮ ᠠᠵᠢ᠃ ᠡᠨᠡ ᠵᠠᠮ ᠳᠠᠭᠠᠤ ᠾᠷᠢᠰᠲ᠋ᠣᠰ ᠤ᠋ᠨ ᠱᠠᠰᠢᠨ ᠤ᠋ ᠰᠦᠮ᠎ᠡ ᠳᠤᠭᠠᠩ ᠤ᠋ᠳ ᠪᠠᠷᠢᠭᠳᠠᠵᠠᠢ᠃
ᠵᠢᠩᠴᠢᠳ ᠲᠥᠪ ᠵᠠᠮ ᠢ᠋ᠶ᠋ᠠᠷ ᠬᠡᠰᠡᠭ ᠶᠠᠪᠤᠭᠠᠳ ᠲᠣᠮᠣ ᠲᠣᠮᠣ ᠴᠠᠭᠠᠨ ᠭᠡᠷ ᠦ᠋ᠳ ᠦ᠋ᠨ ᠣᠢᠷᠠᠯᠴᠠᠭ᠎ᠠ ᠣᠴᠢᠵᠤ ᠵᠣᠭᠰᠣᠯ᠎ᠠ᠃ ᠬᠣᠯᠠ ᠵᠠᠮ ᠳ᠋ᠤ᠌ ᠲᠡᠭᠡᠭᠡᠨ ᠢᠷᠡᠭᠰᠡᠨ ᠠᠴᠢᠶ᠎ᠠ ᠪᠠᠷᠠᠭ᠎ᠠ ᠪᠠᠨ ᠪᠠᠭᠤᠯᠭᠠᠬᠤ ᠪᠠᠷ ᠵᠡᠬᠡᠬᠦ ᠵᠠᠭᠤᠷ᠎ᠠ ᠬᠣᠲᠠ ᠶ᠋ᠢᠨ ᠲᠥᠪ ᠳᠠᠭᠠᠤ ᠨᠢᠭᠡ ᠯᠡ ᠠᠵᠢᠨ ᠳᠥᠵᠢᠨ᠂ ᠴᠢᠮᠡᠭᠡ ᠦᠭᠡᠢ ᠪᠠᠢᠳᠠᠯ ᠨᠣᠶᠠᠷᠬᠠᠬᠤ ᠶ᠋ᠢ ᠲᠡᠳᠡ ᠠᠩᠵᠠᠭᠠᠷᠠᠪᠠ᠃ ᠬᠥᠮᠦᠰ ᠪᠦᠭᠦᠳᠡ ᠭᠠᠵᠠᠷ ᠲᠤ ᠰᠥᠬᠥᠷᠡᠨ ᠰᠠᠭᠤᠵᠤ᠂ ᠲᠣᠯᠣᠭᠠᠢ ᠪᠠᠨ ᠭᠣᠳᠣᠢᠯᠭᠠᠵᠠᠢ᠃ ᠬᠠᠶᠠ ᠨᠢᠭᠡ ᠬᠡᠦᠬᠡᠳ ᠦ᠋ᠨ ᠲᠣᠮᠣ ᠬᠥᠮᠦᠰ ᠲᠦ᠍ ᠵᠠᠬᠢᠷᠤᠭᠳᠠᠬᠤ ᠦᠭᠡᠢ ᠭᠡᠰᠡᠨ ᠳ᠋ᠡᠭᠡᠨ ᠤᠬᠢᠯᠠᠬᠤ ᠴᠢᠮᠡᠭᠡ ᠶ᠋ᠢ ᠡᠰᠡ ᠲᠣᠭᠠᠴᠠᠪᠠᠯ ᠬᠥᠮᠦᠰ ᠪᠦᠭᠦᠳᠡ ᠰᠥᠭᠥᠳᠦᠨ ᠰᠠᠭᠤᠭᠰᠠᠨ ᠪᠠᠢᠪᠠ᠃
ᠵᠢᠩ ᠦ᠋ᠨ ᠴᠤᠪᠤᠭᠠᠨ ᠳ᠋ᠤ᠌ ᠢᠷᠡᠭᠰᠡᠨ ᠬᠥᠮᠦᠰ ᠦ᠋ᠨ ᠳᠤᠮᠳᠠ ᠬᠣᠶᠠᠷ ᠭᠠᠳᠠᠨ᠎ᠠ ᠶ᠋ᠢᠨ ᠬᠥᠮᠦᠨ ᠪᠠᠢᠪᠠ᠃ ᠲᠡᠳᠡᠨ ᠦ᠌ ᠨᠢᠭᠡ ᠨᠢ ᠴᠠᠭᠠᠨ ᠪᠥᠰ ᠢ᠋ᠶ᠋ᠡᠷ ᠲᠣᠯᠣᠭᠠᠢ ᠪᠠᠨ ᠨᠢᠮᠪᠠᠢᠯᠠᠨ ᠣᠷᠢᠶᠠᠵᠤ᠂ ᠱᠠᠭ᠎ᠠ ᠪᠠᠨ ᠬᠦᠷᠦᠭᠰᠡᠨ ᠤᠷᠲᠤ ᠨᠣᠭᠣᠭᠠᠨ ᠡᠷᠢᠶᠡᠨ ᠬᠤᠪᠴᠠᠰᠤ ᠡᠮᠦᠰᠴᠡᠢ᠃ ᠲᠡᠷᠡ ᠪᠡᠷ ᠬᠠᠵᠠᠭᠤ ᠳ᠋ᠠᠭᠠᠨ ᠵᠣᠭᠰᠣᠬᠤ ᠥᠨᠳᠥᠷᠳᠡᠭᠦᠦ ᠪᠡᠶ᠎ᠡ ᠲᠡᠢ ᠶᠠᠩᠬᠢᠭᠠᠷ ᠴᠡᠭᠡᠵᠢ ᠲᠡᠢ᠂ ᠰᠦᠮᠡᠭᠡᠷ ᠨᠢᠳᠦ ᠲᠡᠢ ᠲᠠᠪᠢ ᠭᠠᠷᠤᠢ ᠨᠠᠰᠤᠨ ᠤ᠋ ᠰᠢᠷ᠎ᠠ ᠲᠣᠯᠣᠭᠠᠢ ᠲᠠᠢ ᠡᠷᠡᠭᠲᠡᠢ ᠬᠥᠮᠦᠨ ᠳ᠋ᠦ᠍ ᠬᠠᠨᠳᠤᠨ᠂
— ᠤᠷᠠᠨ ᠳᠠᠷᠬᠠᠨ ᠪᠦᠱᠸ ᠲᠠ ᠪᠠᠷ ᠡᠨᠡ ᠬᠣᠲᠠ ᠳ᠋ᠤ᠌ ᠠᠩᠬ᠎ᠠ ᠤᠳᠠᠭ᠎ᠠ ᠢᠷᠡᠵᠦ ᠪᠠᠢᠭ᠎ᠠ ᠪᠣᠯᠬᠣᠷ ᠶᠣᠰᠣ ᠮᠡᠳᠡᠬᠦ ᠦᠭᠡᠢ ᠪᠢᠵᠡ᠂ ᠶᠡᠬᠡᠰ ᠳᠡᠭᠡᠳᠦᠰ ᠵᠠᠯᠠᠷᠠᠵᠤ ᠪᠣᠢ ᠲᠤᠯᠠ ᠲᠠ ᠴᠦ᠍ ᠮᠥᠨ ᠳᠣᠭᠣᠭᠰᠢ ᠰᠥᠭᠥᠳᠦᠨ ᠰᠠᠭᠤᠨ᠎ᠠ ᠤᠤ᠃ ᠬᠡᠪᠲᠡᠭᠦᠯ ᠦ᠋ᠳ ᠲᠠᠨ ᠢ᠋ ᠠᠩᠵᠠᠭᠠᠷᠠᠪᠠᠯ ᠬᠡᠴᠡᠭᠦᠬᠡᠨ ᠶᠠᠭᠤᠮ᠎ᠠ ᠪᠣᠯᠵᠤ ᠮᠡᠳᠡᠨ᠎ᠡ ᠭᠡᠯᠡ᠃
ᠲᠡᠳᠡ ᠳᠣᠭᠣᠭᠰᠢ ᠰᠥᠭᠥᠳᠦᠨ ᠰᠠᠭᠤᠯ᠎ᠠ᠂ ᠲᠦᠳᠡ ᠤᠳᠠᠯ ᠦᠭᠡᠢ ᠲᠥᠪ ᠵᠠᠮ ᠢ᠋ᠶ᠋ᠠᠷ ᠳᠥᠷᠪᠡᠨ ᠮᠣᠷᠢᠲᠠᠨ ᠶᠠᠪᠤᠵᠤ ᠥᠩᠭᠡᠷᠡᠯ᠎ᠡ᠃ ᠳᠠᠷᠠᠭ᠎ᠠ ᠨᠢ ᠥᠷᠭᠡᠨ ᠵᠠᠮ ᠢ᠋ᠶ᠋ᠠᠷ ᠡᠩᠨᠡᠨ ᠵᠢᠭᠰᠠᠭᠰᠠᠨ ᠳᠥᠷᠪᠡᠨ ᠡᠩᠨᠡᠭᠡ ᠴᠡᠷᠢᠭ ᠶᠠᠪᠤᠵᠤ ᠥᠩᠭᠡᠷᠡᠯ᠎ᠡ᠃ ᠤᠳᠠᠯ ᠦᠭᠡᠢ ᠠᠷᠤ ᠠ᠋ᠴᠠ ᠨᠢ ᠳᠥᠷᠪᠡᠨ ᠮᠣᠷᠢᠲᠠᠨ ᠳᠥᠷᠪᠡᠨ ᠲᠠᠯ᠎ᠠ ᠳ᠋ᠤᠨᠢ ᠶᠠᠪᠤᠬᠤ ᠭᠣᠶᠣᠮᠰᠣᠭ ᠰᠡᠦᠬᠡ ᠲᠡᠷᠭᠡ ᠥᠩᠭᠡᠷᠡᠵᠦ᠂ ᠮᠥᠨ ᠳᠠᠬᠢᠨ ᠳᠥᠷᠪᠡᠨ ᠡᠩᠨᠡᠭᠡᠲᠦ ᠴᠡᠷᠢᠭ ᠶᠠᠪᠤᠭᠰᠠᠨ ᠤ᠋ ᠳᠠᠷᠠᠭ᠎ᠠ ᠰᠠᠶᠢ ᠰᠥᠬᠥᠷᠡᠨ ᠰᠠᠭᠤᠭᠰᠠᠨ ᠬᠥᠮᠦᠰ ᠥᠨᠳᠡᠢᠨ ᠪᠣᠰᠴᠤ ᠲᠡᠳᠡᠨ ᠦ᠌ ᠠᠷᠤ ᠠ᠋ᠴᠠ ᠠᠯᠠᠭ᠎ᠠ ᠪᠠᠨ ᠳᠡᠯᠭᠡᠨ ᠬᠤᠷᠤᠢᠯᠠᠵᠤ ᠦᠳᠡᠪᠡ᠃ ᠪᠦᠱᠸ ᠬᠠᠵᠠᠭᠤ ᠶ᠋ᠢᠨ ᠢ᠋ᠶ᠋ᠡᠨ ᠬᠥᠮᠦᠨ ᠡᠴᠡ᠄
— ᠭᠣᠶᠣᠮᠰᠣᠭ ᠰᠡᠦᠬᠡ ᠪᠠᠢᠬᠤ ᠶ᠋ᠢ ᠬᠠᠷᠠᠪᠠᠯ ᠡᠨᠡ ᠬᠣᠲᠠ ᠶ᠋ᠢᠨ ᠬᠠᠲᠤᠨ ᠬᠠᠭᠠᠨ ᠵᠠᠯᠠᠷᠠᠵᠤ ᠪᠠᠢᠭ᠎ᠠ ᠬᠡᠷᠡᠭ ᠤᠤ ᠭᠡᠵᠦ ᠠᠰᠠᠭᠤᠬᠤ ᠳ᠋ᠤ᠌᠂ ᠨᠥᠭᠦᠭᠡ ᠬᠥᠮᠦᠨ᠄
— ᠦᠭᠡᠢ ᠳᠡ᠃ ᠡᠨᠡ ᠤᠯᠤᠰ ᠤ᠋ᠨ ᠬᠠᠭᠠᠨ ᠤ᠋ ᠡᠬᠡ ᠰᠤᠷᠬᠠᠭᠲᠠᠨᠢ ᠬᠠᠲᠤᠨ ᠵᠠᠯᠠᠷᠠᠵᠤ ᠪᠠᠢᠨ᠎ᠠ ᠭᠡᠮᠡᠨ ᠬᠠᠷᠢᠭᠤᠯᠪᠠ᠃ ᠪᠦᠱᠸ ᠢᠷᠡᠭᠰᠡᠨ ᠬᠣᠲᠠ ᠶ᠋ᠢᠨ ᠢ᠋ᠶ᠋ᠡᠨ ᠪᠠᠢᠷᠢ ᠪᠠᠢᠳᠠᠯ ᠢ᠋ ᠬᠠᠷᠠᠭᠠᠳ᠂
— ᠪᠢ ᠥᠪᠡᠷ ᠢ᠋ ᠪᠡᠨ ᠣᠯᠠᠨ ᠭᠠᠵᠠᠷ ᠢ᠋ᠶ᠋ᠠᠷ ᠶᠠᠪᠤᠵᠤ᠂ ᠶᠠᠭᠤᠮ᠎ᠠ ᠦᠵᠡᠵᠦ ᠨᠢᠳᠦ ᠲᠠᠢᠯᠤᠭᠰᠠᠨ ᠭᠡᠵᠦ ᠪᠣᠳᠣᠳᠠᠭ᠃ ᠭᠡᠪᠡᠴᠦ ᠮᠢᠨᠦ ᠤᠷᠢᠳᠤ ᠣᠴᠢᠵᠤ ᠪᠠᠢᠭᠰᠠᠨ ᠭᠠᠵᠠᠷ ᠤᠳ ᠲᠤ᠌ ᠡᠢᠮᠦ ᠣᠯᠠᠨ ᠱᠠᠰᠢᠨ ᠤ᠋ ᠰᠦᠮ᠎ᠡ ᠬᠡᠢᠳ ᠦ᠋ᠳ ᠨᠢᠭᠡ ᠳᠣᠣᠷ᠎ᠠ ᠪᠠᠢᠬᠤ ᠶ᠋ᠢ ᠬᠠᠷᠠᠭᠰᠠᠨ ᠤᠳᠠᠭ᠎ᠠ ᠦᠭᠡᠢ᠃ ᠲᠡᠳᠡ ᠪᠠᠢᠩᠭᠤ ᠬᠣᠭᠣᠷᠣᠨᠳᠣ ᠪᠠᠨ ᠲᠡᠮᠡᠴᠡᠯᠳᠦᠳᠡᠭ᠂ ᠬᠠᠷᠢᠨ ᠡᠨᠡ ᠬᠣᠲᠠ ᠪᠣᠯ ᠮᠢᠨᠦ ᠤᠷᠢᠳ ᠡᠮᠦᠨ᠎ᠡ ᠰᠣᠨᠣᠰᠴᠤ ᠲᠤᠭᠤᠯᠵᠤ ᠪᠠᠢᠭᠰᠠᠨ ᠠ᠋ᠴᠠ ᠳᠡᠰ ᠣᠨᠳᠣᠣ ᠪᠣᠯᠬᠤ ᠶ᠋ᠢ ᠨᠢᠳᠦ ᠪᠡᠷ ᠦᠵᠡᠯ᠎ᠡ ᠭᠡᠪᠡ᠃ ᠮᠥᠨᠥᠬᠢ ᠬᠥᠮᠦᠨ᠄
— ᠲᠡᠢᠮᠦ ᠠ᠋᠂ ᠮᠣᠩᠭᠣᠯᠴᠤᠳ ᠪᠦᠬᠦ ᠱᠠᠰᠢᠨ ᠢ᠋ ᠳᠡᠭᠡᠳᠦᠯᠡᠨ ᠦᠵᠡᠳᠡᠭ᠂ ᠥᠨᠥ ᠬᠠᠷᠠᠬᠣᠷᠣᠮ ᠳ᠋ᠤ᠌ ᠣᠯᠠᠨ ᠱᠠᠰᠢᠨ ᠤ᠋ ᠰᠦᠮ᠎ᠡ ᠳᠤᠭᠠᠩ ᠪᠣᠢ᠂ ᠲᠡᠷᠡ ᠴᠦ᠍ ᠪᠤᠤ ᠬᠡᠯᠡ᠂ ᠢᠰᠯᠠᠮ ᠱᠠᠰᠢᠨᠲᠠᠨ ᠨᠤᠭᠤᠳ ᠤ᠋ᠨ ᠣᠷᠣᠰᠢᠭᠤᠯᠭ᠎ᠠ ᠶ᠋ᠢᠨ ᠭᠠᠵᠠᠷ ᠴᠤ᠌ ᠪᠣᠢ᠃ ᠲᠡᠳᠡ ᠴᠥᠮ ᠮᠥᠩᠬᠡ ᠲᠡᠭᠷᠢ ᠶ᠋ᠢᠨ ᠢᠪᠡᠭᠡᠯ ᠳᠣᠣᠷ᠎ᠠ ᠣᠷᠣᠰᠢᠳᠠᠭ᠃ ᠬᠠᠷᠢᠨ ᠮᠣᠩᠭᠣᠯᠴᠤᠳ ᠥᠪᠡᠷᠰᠡᠳ ᠢ᠋ᠶ᠋ᠡᠨ ᠪᠣᠯ ᠲᠩᠷᠢ ᠪᠡᠨ ᠰᠢᠲᠦᠳᠡᠭ ᠤᠯᠤᠰ ᠭᠡᠪᠡ᠃ ᠪᠦᠱᠸ᠄
— ᠲᠥᠪ ᠵᠠᠮ ᠤ᠋ᠨ ᠳᠠᠭᠠᠤ ᠶᠠᠪᠤᠵᠤ ᠥᠩᠭᠡᠷᠡᠭᠰᠡᠨ ᠶᠡᠬᠡᠰ ᠳᠡᠭᠡᠳᠦᠰ ᠴᠣᠬᠣᠮ ᠬᠠᠮᠢᠭᠠᠰᠢ ᠶᠠᠪᠤᠵᠤ ᠪᠠᠢᠭ᠎ᠠ ᠬᠡᠷᠡᠭ ᠪᠣᠢ ᠭᠡᠮᠡᠨ ᠠᠰᠠᠭᠤᠬᠤ ᠳ᠋ᠤ᠌ ᠮᠥᠨᠥᠬᠢ ᠬᠥᠮᠦᠨ᠄
— ᠬᠠᠭᠠᠨ ᠤ᠋ ᠣᠷᠳᠣᠨ ᠤᠷᠤᠭᠤ ᠶᠠᠪᠤᠵᠤ ᠪᠠᠢᠭ᠎ᠠ ᠪᠣᠯᠪᠠ ᠤᠤ᠂ ᠬᠣᠲᠠ ᠶ᠋ᠢᠨ ᠪᠠᠷᠠᠭᠤᠨ ᠤᠷᠲᠤ ᠬᠠᠭᠠᠨ ᠤ᠋ ᠣᠷᠳᠣᠨ ᠪᠣᠢ᠃ ᠮᠥᠨ ᠯᠡ ᠳᠥᠷᠪᠡᠨ ᠲᠠᠯ᠎ᠠ ᠪᠠᠷ ᠢ᠋ᠶ᠋ᠠᠨ ᠬᠡᠷᠡᠮ ᠢ᠋ᠶ᠋ᠡᠷ ᠬᠦᠷᠢᠶᠡᠯᠡᠭᠳᠡᠭᠰᠡᠨ ᠲᠡᠷᠡ ᠭᠠᠵᠠᠷ ᠲᠤ᠌ ᠡᠩ ᠦ᠋ᠨ ᠠᠷᠠᠳ ᠪᠣᠯ ᠣᠷᠣᠬᠤ ᠪᠣᠯᠤᠮᠵᠢ ᠦᠭᠡᠢ ᠶᠤᠮ᠃ ᠬᠠᠭᠠᠨ ᠡᠵᠡᠨ ᠦ᠌ ᠠᠰᠤᠷᠤ ᠲᠣᠮᠣ ᠣᠷᠳᠣᠨ ᠤ᠋ ᠡᠮᠦᠨ᠎ᠡ ᠨᠢᠭᠡᠨ ᠲᠣᠮᠣ ᠴᠢᠯᠠᠭᠤᠨ ᠶᠠᠰᠤᠲᠤ ᠮᠡᠯᠡᠬᠡᠢ ᠪᠠᠢᠳᠠᠭ ᠭᠡᠮᠡᠨ ᠶᠠᠷᠢᠯᠴᠠᠳᠠᠭ ᠶᠤᠮ ᠪᠢᠯᠡ᠃ ᠶᠠᠰᠤᠲᠤ ᠮᠡᠯᠡᠬᠡᠢ ᠤᠷᠲᠤ ᠨᠠᠰᠤᠯᠠᠳᠠᠭ ᠲᠤᠯᠠ ᠤᠷᠲᠤ ᠤᠳᠠᠭᠠᠨ ᠠᠮᠢᠳᠤᠷᠠᠯ ᠢ᠋ ᠪᠡᠯᠭᠡᠳᠡᠭᠰᠡᠨ ᠪᠢᠵᠡ ᠬᠡᠮᠡᠪᠡ᠃
ᠬᠣᠲᠠ ᠶ᠋ᠢᠨ ᠪᠠᠷᠠᠭᠤᠨ ᠡᠮᠦᠨ᠎ᠡ ᠡᠷᠭᠢᠨ ᠲᠣᠭᠣᠷᠢᠨ ᠬᠠᠨ᠎ᠠ ᠬᠡᠷᠡᠮ ᠢ᠋ᠶ᠋ᠡᠷ ᠬᠦᠷᠢᠶᠡᠯᠡᠭᠳᠡᠭᠰᠡᠨ ᠪᠠᠢᠬᠤ ᠬᠠᠭᠠᠨ ᠤ᠋ ᠥᠷᠭᠥᠭᠡ᠂ ᠲᠦᠮᠡᠨ ᠠᠮᠤᠭᠤᠯᠠᠩᠲᠤ ᠣᠷᠳᠣᠨ ᠡᠭᠡᠯ ᠠᠷᠠᠳ ᠲᠤ᠌ ᠪᠣᠯ ᠠᠯᠤᠰ ᠠ᠋ᠴᠠ ᠬᠠᠷᠠᠬᠤ ᠠ᠋ᠴᠠ ᠪᠢᠰᠢ ᠣᠢᠷᠠᠲᠤᠨ ᠣᠴᠢᠬᠤ ᠪᠣᠯᠤᠮᠵᠢ ᠦᠭᠡᠢ ᠣᠯᠠᠨ ᠳᠠᠪᠬᠤᠷ ᠬᠠᠷᠠᠭᠤᠯ ᠬᠠᠮᠠᠭᠠᠯᠠᠯᠲᠠ ᠶ᠋ᠢᠨ ᠳᠤᠮᠳᠠ ᠣᠷᠣᠰᠢᠨ᠎ᠠ᠃ ᠵᠢᠷᠠᠨ ᠳᠥᠷᠪᠡᠨ ᠪᠠᠭᠠᠨ᠎ᠠ ᠪᠦᠬᠦᠢ ᠡᠨᠡ ᠣᠷᠳᠣᠨ ᠤ᠋ ᠶᠡᠬᠡ ᠲᠠᠩᠬᠢᠮ ᠢ᠋ ᠨᠣᠭᠣᠭᠠᠨ ᠫᠠᠯᠠᠩ ᠲᠠᠢ ᠲᠣᠭᠣᠰᠬ᠎ᠠ ᠪᠠᠷ ᠱᠠᠯᠠᠯᠠᠵᠤ᠂ ᠪᠠᠷᠢᠯᠭ᠎ᠠ ᠶ᠋ᠢ ᠪᠦᠬᠦᠯᠢ ᠳ᠋ᠦ᠍ᠨᠢ ᠨᠣᠭᠣᠭᠠᠨ᠂ ᠤᠯᠠᠭᠠᠨ᠂ ᠰᠢᠷ᠎ᠠ ᠥᠩᠭᠡ ᠶ᠋ᠢᠨ ᠫᠠᠯᠠᠩ ᠢ᠋ᠶ᠋ᠠᠷ ᠳᠡᠭᠡᠪᠦᠷᠯᠡᠵᠦ᠂ ᠣᠷᠳᠣᠨ ᠤ᠋ ᠬᠠᠨ᠎ᠠ ᠶ᠋ᠢᠨ ᠳᠣᠲᠣᠷ᠎ᠠ ᠲᠠᠯ᠎ᠠ ᠶ᠋ᠢ ᠬᠥᠷᠥᠭ ᠵᠢᠷᠤᠭ᠂ ᠡᠯᠳᠡᠪ ᠬᠠᠳᠬᠤᠮᠠᠯ᠂ ᠠᠩ ᠤᠨ ᠦᠰᠦ ᠪᠡᠷ ᠴᠢᠮᠡᠭᠯᠡᠭᠰᠡᠨ ᠨᠢ ᠭᠣᠶᠣᠮᠰᠣᠭ ᠰᠠᠢᠬᠠᠨ ᠬᠢᠭᠡᠳ ᠤᠷᠠᠨ ᠴᠠᠮᠢᠨ᠃ ᠭᠠᠵᠠᠷ ᠭᠠᠵᠠᠷ ᠤ᠋ᠨ ᠤᠷᠠᠨ ᠳᠠᠷᠬᠠᠴᠤᠤᠯ ᠤᠨ ᠤᠷ᠎ᠠ ᠤᠬᠠᠭᠠᠨ ᠰᠢᠩᠭᠡᠭᠡᠨ ᠪᠦᠲᠦᠭᠡᠭᠰᠡᠨ ᠲᠠᠪᠢᠯᠭ᠎ᠠ ᠰᠡᠯᠲᠡ ᠪᠦᠬᠦᠢ ᠡᠨᠡ ᠤᠷᠲᠤ ᠳᠣᠲᠣᠷ᠎ᠠ ᠪᠠᠨ ᠶᠡᠬᠡ ᠲᠠᠩᠬᠢᠮ ᠠ᠋ᠴᠠ ᠭᠠᠳᠠᠨ᠎ᠠ᠂ᠬᠡᠳᠦ ᠬᠡᠳᠦᠨ ᠲᠤᠰᠠᠯᠠᠬᠤ ᠲᠠᠩᠬᠢᠮ ᠲᠠᠢ᠃
ᠲᠦᠮᠡᠨ ᠠᠮᠤᠭᠤᠯᠠᠩᠲᠤ ᠣᠷᠳᠣᠨ ᠤ᠋ ᠡᠮᠦᠨ᠎ᠡ ᠰᠤᠷᠬᠠᠭᠲᠠᠨᠢ ᠬᠠᠲᠤᠨ ᠥᠪᠡᠷ ᠦ᠋ᠨ ᠳᠠᠭᠠᠯᠳᠤᠭᠴᠢ ᠠᠵᠢᠨ ᠪᠣᠯᠤᠨ ᠪᠤᠰᠤᠳ ᠡᠮᠡᠭᠲᠡᠢᠴᠦᠳ ᠦ᠋ᠨ ᠬᠠᠮᠲᠤ ᠵᠠᠯᠠᠷᠠᠨ ᠢᠷᠡᠵᠡᠢ᠃ ᠬᠠᠲᠤᠨ ᠠ᠋ᠴᠠ ᠬᠣᠯᠠ ᠦᠭᠡᠢᠬᠡᠨ ᠬᠡᠪᠲᠡᠭᠦᠯ ᠦ᠋ᠳ ᠬᠡᠰᠢᠭᠲᠡᠨ ᠴᠡᠷᠢᠭ ᠦ᠋ᠳ ᠳᠠᠭᠠᠯᠳᠤᠨ ᠶᠠᠪᠤᠨ᠎ᠠ᠃ ᠣᠯᠠᠨ ᠴᠡᠷᠢᠭ ᠦ᠋ᠳ ᠦ᠋ᠨ ᠳᠤᠮᠳᠠ ᠠ᠋ᠴᠠ ᠬᠡᠪᠲᠡᠭᠦᠯ ᠦ᠋ᠳ ᠦ᠋ᠨ ᠳ᠋ᠦ᠍ ᠠᠬᠠᠯᠠᠭᠴᠢ᠄
—ᠬᠠᠲᠤᠨ ᠤ᠋ ᠳᠠᠭᠤᠳᠠᠭᠤᠯᠤᠭᠰᠠᠨ ᠶᠣᠰᠣ ᠪᠠᠷ ᠤᠷᠠᠨ ᠳᠠᠷᠬᠠᠨ ᠪᠦᠱᠸ ᠪᠠᠷᠠᠯᠬᠠᠨ ᠢᠷᠡᠪᠡ ᠭᠡᠮᠡᠨ ᠬᠡᠯᠡᠬᠦ ᠳ᠋ᠦ᠍ ᠰᠤᠷᠬᠠᠭᠲᠠᠨᠢ ᠬᠠᠲᠤᠨ᠄
—ᠤᠷᠤᠭᠤᠯ ᠭᠡᠮᠡᠨ ᠵᠠᠷᠯᠢᠭᠳᠠᠪᠠ᠃ ᠬᠠᠲᠤᠨ ᠤ᠋ ᠵᠠᠷᠯᠢᠭ ᠬᠡᠪᠲᠡᠭᠦᠯ ᠦ᠋ᠨ ᠠᠬᠠᠯᠠᠭᠴᠢ ᠶ᠋ᠢᠨ ᠠᠮᠠ ᠪᠠᠷ ᠳᠠᠮᠵᠢᠨ 《ᠤᠷᠤᠭᠤᠯ》 ᠭᠡᠮᠡᠨ ᠬᠡᠳᠦᠨᠲᠡ ᠳᠠᠪᠲᠠᠭᠰᠠᠨ ᠤ᠋ ᠳᠠᠷᠠᠭ᠎ᠠ ᠬᠠᠭᠠᠨ ᠤ᠋ ᠣᠷᠳᠣᠨ ᠤ᠋ ᠭᠠᠳᠠᠨᠠᠬᠢ ᠬᠡᠷᠡᠮ ᠦ᠋ᠨ ᠬᠠᠭᠠᠯᠭ᠎ᠠ ᠪᠠᠷ ᠬᠠᠷᠢ ᠵᠢᠰᠦ ᠶ᠋ᠢᠨ ᠬᠡᠳᠦᠨ ᠬᠥᠮᠦᠨ ᠣᠷᠣᠵᠤ ᠢᠷᠡᠯ᠎ᠡ᠃ ᠲᠡᠳᠡᠨ ᠦ᠌ ᠠᠬᠠᠯᠠᠭᠴᠢ ᠨᠢ ᠪᠣᠯᠤᠯᠲᠠᠢ ᠥᠨᠳᠥᠷ ᠨᠢᠷᠤᠭᠤ᠂ ᠬᠥᠩᠬᠥᠷ ᠨᠢᠳᠦ᠂ ᠤᠷᠲᠤ ᠡᠷᠡᠦ ᠲᠡᠢ ᠲᠠᠪᠢ ᠣᠷᠴᠢᠮ ᠨᠠᠰᠤᠨ ᠤ᠋ ᠰᠢᠷ᠎ᠠ ᠲᠣᠯᠣᠭᠠᠢ ᠲᠠᠢ ᠬᠥᠮᠦᠨ ᠶᠡᠬᠡᠳᠡ ᠶᠣᠰᠣᠷᠬᠠᠨ ᠬᠠᠲᠤᠨ ᠤ᠋ ᠡᠮᠦᠨ᠎ᠡ ᠢᠷᠡᠵᠦ ᠮᠡᠨᠳᠦᠴᠢᠯᠡᠨ᠂
—ᠲᠠᠯ᠎ᠠ ᠨᠤᠲᠤᠭ ᠤ᠋ᠨ ᠡᠷᠬᠢᠮ ᠬᠠᠲᠤᠨ ᠤ᠋ ᠠᠮᠤᠷ ᠢ᠋ ᠡᠷᠢᠵᠦ᠂ ᠹᠷᠠᠨᠼᠢ ᠶ᠋ᠢᠨ ᠤᠷᠠᠨ ᠳᠠᠷᠬᠠᠨ ᠪᠦᠱᠸ ᠪᠢ ᠂
ᠲᠠᠨ ᠤ᠋ ᠠᠮᠤᠷ ᠮᠡᠨᠳᠦ ᠶ᠋ᠢ ᠮᠡᠳᠡᠨ ᠪᠠᠷᠠᠯᠬᠠᠬᠤ ᠪᠠᠷ ᠢᠷᠡᠯ᠎ᠡ ᠬᠡᠮᠡᠪᠡ᠃ ᠨᠠᠰᠤ ᠲᠣᠭᠲᠠᠭᠰᠠᠨ ᠡᠨᠡ ᠡᠷᠬᠢᠮ ᠣᠯᠠᠨ ᠵᠢᠯ ᠴᠢᠮᠬᠢᠯᠡᠭᠦᠷ ᠠᠵᠢᠯ ᠬᠢᠭᠰᠡᠭᠡᠷ ᠬᠠᠷᠠᠭ᠎ᠠ ᠨᠢ ᠪᠠᠭ᠎ᠠ ᠵᠡᠷᠭᠡ ᠮᠠᠭᠤᠳᠠᠭᠰᠠᠨ ᠪᠣᠯᠪᠠ ᠤᠤ ᠭᠡᠮᠡᠷ ᠨᠢᠳᠦ ᠨᠢ ᠰᠦᠮᠡᠢᠨ ᠶᠠᠷᠢᠬᠤ ᠠᠵᠢ᠃ ᠰᠤᠷᠬᠠᠭᠲᠠᠨᠢ ᠬᠠᠲᠤᠨ᠄
— ᠬᠠᠭᠠᠨ ᠡᠵᠡᠨ ᠦ᠌ ᠵᠠᠷᠯᠢᠭ ᠢ᠋ᠶ᠋ᠠᠷ ᠲᠠᠯ᠎ᠠ ᠨᠤᠲᠤᠭ ᠲᠤ᠌ ᠮᠢᠨᠢ ᠮᠣᠷᠢᠯᠠᠨ ᠢᠷᠡᠬᠦ ᠳ᠋ᠡᠭᠡᠨ ᠤᠷᠲᠤ ᠵᠠᠮ ᠢ᠋ ᠲᠣᠭᠣᠯᠤᠭ᠎ᠠ ᠪᠢᠵᠡ᠃ ᠠᠮᠠᠷᠠᠵᠤ ᠲᠤᠬᠠᠯᠠᠵᠤ ᠠᠮᠵᠢᠪᠠ ᠤᠤ ᠭᠡᠮᠡᠨ ᠠᠰᠠᠭᠤᠬᠤ ᠳ᠋ᠤ᠌ ᠪᠦᠱᠸ ᠲᠠᠯ᠎ᠠ ᠨᠤᠲᠤᠭ ᠤ᠋ᠨ ᠰᠦᠷᠯᠢᠭ ᠬᠠᠲᠤᠨ ᠥᠪᠡᠷ ᠲᠦ᠋ᠨᠢ ᠠᠩᠬᠠᠷᠤᠯ ᠲᠠᠯᠪᠢᠵᠤ ᠪᠠᠢᠭ᠎ᠠ ᠳ᠋ᠤ᠌ ᠤᠷᠮᠠᠰᠢᠭᠰᠠᠨ ᠶᠠᠩᠵᠤ ᠲᠠᠢ᠂
— ᠥᠴᠥᠭᠡᠳᠦᠷ ᠨᠠᠷᠠ ᠵᠢᠷᠭᠠᠬᠤ ᠶ᠋ᠢᠨ ᠠᠯᠲᠠ ᠳ᠋ᠤ᠌ ᠢᠷᠡᠯ᠎ᠡ᠃ ᠬᠡᠳᠦᠢ ᠤᠷᠲᠤ ᠵᠠᠮ ᠢ᠋ ᠲᠤᠭᠤᠯᠵᠤ ᠢᠷᠡᠭᠰᠡᠨ ᠴᠦ᠍ ᠲᠠᠯ᠎ᠠ ᠨᠤᠲᠤᠭ ᠤ᠋ᠨ ᠭᠠᠢᠬᠠᠮᠰᠢᠭᠲᠤ ᠬᠣᠲᠠ ᠶ᠋ᠢᠨ ᠰᠦᠷ ᠪᠠᠷ᠎ᠠ ᠶ᠋ᠢ ᠬᠠᠷᠠᠭᠠᠳ ᠠᠯᠮᠠᠢᠷᠠᠨ ᠭᠠᠢᠬᠠᠵᠤ᠂ ᠠᠯᠵᠢᠶᠠᠵᠤ ᠶᠠᠳᠠᠷᠠᠭᠰᠠᠨ ᠮᠢᠨᠢ ᠮᠠᠷᠲᠠᠭᠳᠠᠨ᠂ ᠡᠨᠡ ᠲᠡᠷᠡ ᠶ᠋ᠢ ᠦᠵᠡᠵᠦ ᠰᠣᠨᠢᠷᠬᠠᠵᠤ ᠶᠠᠪᠤᠭᠰᠠᠭᠠᠷ ᠶᠠᠳᠠᠷᠠᠭᠰᠠᠨ ᠢ᠋ᠶ᠋ᠠᠨ ᠮᠠᠷᠲᠠᠭᠰᠠᠨ ᠪᠠᠢᠨ᠎ᠠ ᠬᠡᠮᠡᠪᠡ᠃
— ᠰᠠᠢᠨ ᠬᠡᠷᠡᠭ᠂ ᠪᠢ ᠪᠦᠱᠸ ᠲᠠᠨ ᠢ᠋ ᠳᠠᠭᠤᠳᠠᠭᠤᠯᠤᠭᠰᠠᠨ ᠤᠴᠢᠷ ᠪᠣᠯ ᠲᠠᠯ᠎ᠠ ᠨᠤᠲᠤᠭ ᠤ᠋ᠨ ᠳᠣᠮᠣᠭ ᠪᠣᠯᠤᠭᠰᠠᠨ ᠲᠦᠮᠡᠨ ᠠᠮᠤᠭᠤᠯᠠᠩᠲᠤ ᠣᠷᠳᠣᠨ ᠢ᠋ ᠤᠯᠠᠮ ᠰᠦᠷᠯᠢᠭ᠂ ᠦᠵᠡᠰᠬᠦᠯᠡᠩ ᠲᠡᠢ ᠪᠣᠯᠭᠠᠬᠤ ᠬᠦᠰᠡᠯ ᠠᠭᠤᠯᠤᠭᠰᠠᠨ ᠤ᠋ ᠤᠴᠢᠷ ᠶᠤᠮ ᠬᠡᠮᠡᠭᠡᠳ ᠠᠷᠤ ᠳᠠᠭᠠᠨ ᠰᠦᠨᠳᠡᠷᠯᠡᠬᠦ ᠣᠷᠳᠣᠨ ᠤ᠋ ᠵᠦᠭ ᠪᠠᠬᠠᠳᠤᠯ ᠲᠠᠢ ᠪᠠᠷ ᠬᠠᠷᠠᠵᠤ᠂
— ᠡᠨᠡ ᠰᠠᠢᠬᠠᠨ ᠣᠷᠳᠣᠨ ᠢ᠋ ᠡᠵᠡᠨᠲᠦ ᠭᠦᠷᠦᠨ ᠳᠠᠶᠠᠭᠠᠷ ᠪᠠᠬᠠᠳᠤᠨ ᠥᠭᠦᠯᠡᠳᠡᠭ ᠪᠣᠯᠬᠤ ᠶ᠋ᠢ ᠲᠠ ᠯᠠᠪ ᠲᠤᠭᠤᠯᠵᠤ ᠰᠣᠨᠣᠰᠤᠭ᠎ᠠ ᠪᠢᠵᠡ᠃ ᠡᠨᠡ ᠪᠣᠯ ᠵᠥᠪᠬᠡᠨ ᠨᠡᠭᠦᠳᠡᠯᠴᠢᠨ ᠮᠣᠩᠭᠣᠯᠴᠤᠳ ᠤ᠋ᠨ ᠪᠠᠬᠠᠷᠬᠠᠯ ᠪᠤᠰᠤ᠂ ᠡᠵᠡᠨᠲᠦ ᠭᠦᠷᠦᠨ ᠦ᠌ ᠪᠠᠬᠠᠷᠬᠠᠯ ᠤᠴᠢᠷ ᠲᠡᠭᠦᠨ ᠦ᠌ ᠰᠦᠷ ᠬᠦᠴᠦ ᠶ᠋ᠢ ᠤᠯᠠᠮ ᠲᠡᠭᠦᠯᠳᠡᠷ ᠪᠣᠯᠭᠠᠬᠤ ᠬᠦᠰᠡᠯ ᠪᠠᠢᠨ᠎ᠠ᠃ ᠡᠨᠳᠡ ᠶᠠᠮᠠᠷ ᠨᠢᠭᠡᠨ ᠴᠢᠮᠡᠭ ᠳᠤᠲᠠᠭᠳᠠᠵᠤ ᠪᠠᠢᠭ᠎ᠠ ᠶ᠋ᠢ ᠲᠠ ᠠᠩᠵᠠᠭᠠᠷᠠᠵᠤ ᠪᠠᠢᠨ᠎ᠠ ᠤᠤ? ᠭᠡᠵᠦ ᠠᠰᠠᠭᠤᠬᠤ ᠳ᠋ᠤ᠌ ᠪᠦᠱᠸ ᠴᠣᠬᠣᠮ ᠶᠠᠭᠤ ᠳᠤᠲᠠᠵᠤ ᠪᠠᠢᠭ᠎ᠠ ᠶ᠋ᠢ ᠣᠯᠵᠤ ᠬᠠᠷᠠᠬᠤ ᠭᠡᠰᠡᠨ ᠮᠡᠲᠦ ᠨᠢᠳᠦ ᠪᠡᠨ ᠰᠦᠮᠡᠢᠯᠭᠡᠨ᠂ ᠲᠦᠮᠡᠨ ᠠᠮᠤᠭᠤᠯᠠᠩᠲᠤ ᠣᠷᠳᠣᠨ ᠤ᠋ ᠵᠦᠭ ᠠᠩᠬᠠᠷᠤᠯ ᠲᠠᠢ ᠪᠠᠷ ᠬᠠᠷᠠᠪᠠ᠃ ᠰᠤᠷᠬᠠᠭᠲᠠᠨᠢ ᠬᠠᠲᠤᠨ᠄
— ᠤᠷᠢᠳ ᠬᠣᠵᠢᠳ ᠲᠤᠭᠤᠯᠵᠤ ᠰᠣᠨᠣᠰᠴᠤ ᠪᠠᠢᠭ᠎ᠠ ᠦᠭᠡᠢ ᠭᠠᠢᠬᠠᠮᠰᠢᠭ ᠢ᠋ ᠡᠨᠡ ᠣᠷᠳᠣᠨ ᠤ᠋ ᠡᠮᠦᠨ᠎ᠡ ᠪᠣᠢ ᠪᠣᠯᠭᠠᠵᠤ ᠴᠢᠳᠠᠬᠤ ᠡᠰᠡᠬᠦ ᠶ᠋ᠢ ᠴᠢᠨᠢ ᠡᠬᠢᠯᠡᠭᠡᠳ ᠠᠰᠠᠭᠤᠶ᠎ᠠ ᠭᠡᠪᠡ᠃
ᠡᠷᠡᠰ ᠰᠢᠯᠤᠭᠤᠬᠠᠨ ᠦᠭᠡ ᠲᠡᠢ ᠡᠨᠡ ᠬᠠᠲᠤᠨ ᠤ᠋ ᠠᠰᠠᠭᠤᠯᠲᠠ ᠳ᠋ᠤ᠌ ᠰᠢᠭᠤᠳ ᠬᠠᠷᠢᠭᠤᠯᠤᠨ᠎ᠠ ᠭᠡᠳᠡᠭ ᠬᠡᠴᠡᠭᠦᠦ᠃ ᠪᠦᠱᠸ ᠳᠠᠷᠬᠠᠨ ᠲᠦᠮᠡᠨ ᠠᠮᠤᠭᠤᠯᠠᠩᠲᠤ ᠣᠷᠳᠣᠨ ᠠ᠋ᠴᠠ ᠬᠠᠷᠠᠴᠠ ᠪᠠᠨ ᠦᠯᠦ ᠰᠠᠯᠭᠠᠨ᠂
— ᠪᠢᠳᠡ ᠪᠣᠯ ᠤᠷᠲᠤ ᠬᠠᠷᠰᠢ ᠪᠠᠨ ᠡᠷᠭᠢᠨ ᠲᠣᠭᠣᠷᠢᠨ ᠰᠠᠭᠯᠠᠢᠨ ᠤᠷᠭᠤᠬᠤ ᠥᠳᠬᠡᠨ ᠨᠣᠭᠣᠭᠠᠨ ᠮᠣᠳᠣ ᠪᠠᠷ ᠴᠢᠮᠡᠵᠦ᠂ ᠡᠮᠦᠨ᠎ᠡ ᠨᠢ ᠲᠤᠬᠠᠢ ᠶ᠋ᠢᠨ ᠭᠠᠵᠠᠷ ᠣᠷᠣᠨ ᠤ᠋ ᠰᠦᠷ ᠬᠦᠴᠦ ᠶ᠋ᠢ ᠢᠯᠡᠳᠬᠡᠭᠰᠡᠨ ᠬᠥᠰᠢᠶ᠎ᠡ ᠶ᠋ᠢ ᠤᠷᠠᠯᠠᠨ ᠪᠣᠰᠬᠠᠳᠠᠭ ᠭᠡᠪᠡ᠃
— ᠲᠠ ᠨᠠᠷ ᠤᠷᠲᠤ ᠬᠠᠷᠰᠢ ᠪᠠᠨ ᠮᠣᠳᠣ ᠪᠠᠷ ᠴᠢᠮᠡᠭᠯᠡᠳᠡᠭ ᠪᠣᠯ ᠪᠢᠳᠡ ᠤᠷᠲᠤ ᠬᠠᠷᠰᠢ ᠪᠠᠨ ᠠᠯᠲᠠ ᠮᠥᠩᠭᠥ ᠪᠡᠷ ᠴᠢᠮᠡᠭᠯᠡᠳᠡᠭ᠃ ᠬᠠᠷᠢᠨ ᠲᠡᠷᠡ ᠬᠥᠰᠢᠶ᠎ᠡ ᠭᠡᠳᠡᠭ ᠴᠢᠨᠢ ᠰᠣᠨᠢᠷᠬᠠᠯ ᠲᠠᠢ ᠪᠠᠢᠨ᠎ᠠ᠃ ᠡᠳᠡᠨ ᠢ᠋ ᠬᠣᠣᠰᠯᠠᠭᠤᠯᠵᠤ ᠪᠣᠯᠬᠤ ᠪᠤᠰᠤ ᠤᠤ? ᠭᠡᠮᠡᠨ ᠬᠠᠲᠤᠨ ᠳᠠᠬᠢᠨ ᠠᠰᠠᠭᠤᠯ᠎ᠠ᠃
ᠪᠦᠱᠧ ᠬᠠᠲᠤᠨ ᠤ᠋ ᠦᠭᠡ ᠶ᠋ᠢ ᠰᠠᠢᠨ ᠣᠢᠯᠠᠭᠠᠭᠰᠠᠨ ᠦᠭᠡᠢ ᠪᠣᠯᠤᠯᠲᠠᠢ ᠭᠠᠢᠬᠠᠨ ᠵᠣᠭᠰᠣᠨ᠎ᠠ᠃
— ᠡᠨᠳᠡ ᠮᠥᠩᠭᠥᠨ ᠮᠣᠳᠣ ᠪᠤᠰᠬᠠᠶ᠎ᠠ᠂ ᠴᠢ ᠲᠡᠭᠦᠨ ᠢ᠋ ᠤᠷᠠᠯᠠ᠂ ᠪᠦᠱᠧ ᠳᠠᠷᠬᠠᠨ ᠳ᠋ᠤ᠌ ᠬᠡᠳᠦᠨ ᠬᠥᠮᠦᠨ ᠪᠠᠢᠨ᠎ᠠ ᠪᠣᠢ ᠭᠡᠵᠦ ᠠᠰᠠᠭᠤᠬᠤ ᠳ᠋ᠤ᠌ ᠳᠠᠷᠬᠠᠨ ᠰᠠᠶᠢ ᠤᠴᠢᠷ ᠢ᠋ ᠨᠢ ᠣᠯᠵᠤ᠂
— ᠬᠠᠲᠤᠨᠲᠠᠨ ᠮᠢᠨᠢ᠂ ᠨᠠᠳᠠ ᠳ᠋ᠤ᠌ ᠬᠠᠮᠲᠤ ᠢᠷᠡᠭᠰᠡᠨ ᠲᠠᠪᠤᠨ ᠬᠥᠮᠦᠨ ᠪᠣᠢ ᠴᠤ᠌ ᠬᠥᠮᠦᠨ ᠳᠤᠲᠠᠬᠤ ᠪᠣᠯᠪᠠ ᠤᠤ᠃ ᠬᠠᠷᠠᠬᠣᠷᠣᠮ ᠳ᠋ᠤ᠌ ᠢᠷᠡᠭᠰᠡᠨ ᠳᠠᠷᠤᠢ ᠤᠷᠠᠨ ᠳᠠᠷᠬᠠᠴᠤᠤᠯ ᠤ᠋ᠨ ᠭᠤᠳᠤᠮᠵᠢ ᠪᠠᠷ ᠶᠠᠪᠤᠯ᠎ᠠ᠃ ᠲᠡᠳᠡᠨ ᠦ᠌ ᠤᠷᠠᠯᠠᠵᠤ ᠪᠦᠲᠦᠭᠡᠭᠰᠡᠨ ᠪᠦᠬᠦᠨ ᠢ᠋ ᠬᠠᠷᠠᠵᠤ ᠶᠠᠪᠤᠬᠤ ᠳ᠋ᠤ᠌ ᠲᠣᠩ ᠴᠤ᠌ ᠱᠠᠭ᠂ ᠴᠢᠮᠬᠢᠯᠡᠭᠦᠷ᠂ ᠨᠢᠮᠪᠠᠢ ᠬᠥᠮᠦᠰ ᠪᠣᠯᠬᠤ ᠨᠢ ᠠᠩᠵᠠᠭᠠᠷᠠᠭᠳᠠᠭᠰᠠᠨ ᠭᠡᠪᠡ᠃ ᠰᠤᠷᠬᠠᠭᠲᠠᠨᠢ ᠬᠠᠲᠤᠨ᠄
— ᠲᠡᠭᠡᠪᠡᠯ ᠬᠣᠲᠠ ᠶ᠋ᠢᠨ ᠤᠷᠠᠨ ᠳᠠᠷᠬᠠᠴᠤᠤᠯ ᠢ᠋ ᠠᠪ᠃ ᠬᠠᠭᠠᠨ ᠤ᠋ ᠰᠠᠩ ᠠ᠋ᠴᠠ ᠲᠡᠳᠡᠨ ᠳ᠋ᠦ᠍ ᠬᠡᠰᠢᠭ ᠬᠦᠷᠲᠡᠭᠡᠨ᠎ᠡ᠃ ᠮᠥᠩᠭᠥᠨ ᠮᠣᠳᠣᠨ ᠠ᠋ᠴᠠ ᠮᠥᠩᠭᠥᠨ ᠵᠢᠮᠢᠰ ᠤᠷᠭᠤᠵᠤ᠂ ᠮᠥᠩᠬᠡ ᠶ᠋ᠢᠨ ᠷᠠᠰᠢᠶᠠᠨ ᠤᠨᠳᠤᠷᠤᠨ ᠭᠠᠷᠬᠤ ᠲᠡᠢᠮᠦ ᠬᠣᠣᠰ ᠦᠭᠡᠢ ᠪᠦᠲᠦᠭᠡᠯ ᠢ᠋ ᠴᠢ ᠬᠠᠭᠠᠨ ᠡᠵᠡᠨ ᠳ᠋ᠦ᠍ ᠪᠦᠲᠦᠭᠡᠨ ᠥᠭ ᠬᠡᠮᠡᠬᠦ ᠳ᠋ᠦ᠍᠂
— ᠬᠠᠲᠤᠨᠲᠠᠨ ᠮᠢᠨᠢ ᠪᠢ ᠥᠪᠡᠷ ᠲᠦ᠍ ᠪᠣᠢ ᠡᠷᠳᠡᠮ ᠣᠶᠤᠨ᠂ ᠤᠷ᠎ᠠ ᠴᠢᠳᠠᠪᠤᠷᠢ ᠪᠦᠬᠦᠨ ᠢ᠋ᠶ᠋ᠡᠨ ᠳᠠᠢᠴᠢᠯᠠᠨ ᠪᠣᠰᠬᠠᠶ᠎ᠠ᠃ ᠲᠠᠯ᠎ᠠ ᠨᠤᠲᠤᠭ ᠤ᠋ᠨ ᠡᠵᠡᠨ ᠬᠠᠭᠠᠨ ᠳ᠋ᠤ᠌ ᠪᠠᠷᠢᠬᠤ ᠮᠢᠨᠦ ᠪᠡᠯᠡᠭ ᠲᠡᠷᠡ ᠪᠣᠯᠤᠭ ᠭᠡᠮᠡᠨ ᠪᠦᠱᠸ ᠶᠡᠬᠡᠳᠡ ᠬᠦᠨᠳᠦᠳᠬᠡᠯ ᠲᠡᠢ ᠪᠡᠷ ᠬᠡᠯᠡᠯ᠎ᠡ᠃ ᠰᠤᠷᠬᠠᠭᠲᠠᠨᠢ ᠬᠠᠲᠤᠨ᠄
— ᠮᠥᠩᠭᠥᠨ ᠮᠣᠳᠣ ᠪᠠᠷᠢᠬᠤ ᠳ᠋ᠤ᠌ ᠬᠡᠷᠡᠭ ᠲᠡᠢ ᠪᠦᠬᠦ ᠵᠦᠢᠯ ᠢ᠋ ᠬᠠᠭᠠᠨ ᠤ᠋ ᠰᠠᠩ ᠠ᠋ᠴᠠ ᠭᠠᠷᠭᠠᠭᠤᠯᠵᠤ᠂ ᠴᠢᠨᠦ ᠤᠷᠠᠴᠤᠳ ᠢ᠋ ᠪᠠᠢᠷᠢᠯᠠᠭᠤᠯᠬᠤ ᠣᠷᠣᠨ ᠪᠠᠢᠷᠢ ᠬᠣᠭᠣᠯᠠ ᠬᠦᠨᠡᠰᠦ ᠶ᠋ᠢ ᠪᠡᠯᠡᠳᠴᠦ᠂ ᠠᠵᠢᠯ ᠤ᠋ᠨ ᠬᠥᠯᠥᠰᠥ ᠶ᠋ᠢ ᠥᠭᠬᠦ ᠪᠣᠯᠤᠨ᠎ᠠ᠃ ᠥᠭᠡᠷ᠎ᠡ ᠬᠡᠷᠡᠭ ᠲᠡᠢ ᠵᠦᠢᠯ ᠪᠠᠢᠪᠠᠯ ᠠᠯᠭᠤᠷᠯᠠᠯ ᠦᠭᠡᠢ ᠮᠡᠳᠡᠭᠳᠡᠵᠦ ᠪᠠᠢ ᠭᠡᠮᠡᠨ ᠬᠡᠯᠡᠭᠡᠳ ᠲᠡᠳᠡᠨ ᠢ᠋ ᠣᠷᠬᠢᠨ ᠶᠠᠪᠤᠬᠤ ᠳ᠋ᠤ᠌ ᠳᠠᠭᠠᠯᠳᠤᠭᠴᠢᠳ ᠨᠢ ᠬᠠᠲᠤᠨ ᠢ᠋ ᠲᠣᠰᠣᠨ ᠠᠪᠴᠤ᠂ ᠬᠡᠪᠲᠡᠭᠦᠯ ᠦ᠋ᠳ ᠲᠣᠭᠣᠷᠢᠨ ᠬᠦᠷᠢᠶᠡᠯᠡᠭᠰᠡᠭᠡᠷ᠂ ᠬᠡᠰᠢᠭᠲᠡᠨ ᠴᠡᠷᠢᠭ ᠦ᠋ᠳ ᠠᠷᠤ ᠠ᠋ᠴᠠ ᠨᠢ ᠳᠠᠭᠠᠯᠳᠤᠨ ᠴᠠᠭᠠᠰᠢ ᠣᠳᠬᠤ ᠨᠢ ᠰᠦᠷ ᠪᠠᠷ᠎ᠠ ᠲᠠᠢ᠃
ᠲᠦᠮᠡᠨ ᠠᠮᠤᠭᠤᠯᠠᠩᠲᠤ ᠣᠷᠳᠣᠨ ᠤ᠋ ᠡᠮᠦᠨ᠎ᠡ ᠪᠦᠱᠸ ᠳᠠᠭᠠᠯᠳᠤᠨ ᠢᠷᠡᠭᠰᠡᠨ ᠬᠥᠮᠦᠰ ᠦ᠋ᠨ ᠬᠠᠮᠲᠤ ᠦᠯᠡᠲᠡᠯ᠎ᠡ᠃ ᠣᠷᠳᠣᠨ ᠤ᠋ ᠬᠠᠮᠠᠭᠠᠯᠠᠭᠴᠢᠳ ᠲᠡᠳᠡᠨ ᠦ᠌ ᠵᠦᠭ ᠬᠢᠨᠠᠭᠤᠷ ᠬᠠᠷᠠᠬᠤ ᠨᠢ ᠠᠢᠳᠠᠰ ᠬᠦᠷᠦᠮ᠎ᠡ᠃ ᠬᠠᠮᠲᠤ ᠦᠯᠡᠳᠡᠭᠰᠡᠨ ᠬᠥᠮᠦᠰ ᠦ᠋ᠨ ᠨᠢᠭᠡᠨ ᠪᠦᠱᠸ ᠲᠦ᠍ ᠬᠠᠨᠳᠤᠨ᠄
— ᠲᠠ ᠴᠤ᠌ ᠲᠤᠩ ᠬᠡᠴᠡᠭᠦᠦ ᠳᠠᠭᠠᠭᠠᠯᠭᠠᠪᠤᠷᠢ ᠠᠪᠤᠯ᠎ᠠ ᠳᠠ᠃ ᠡᠳᠡᠨ ᠦ᠌ ᠰᠡᠳᠬᠢᠯ ᠳ᠋ᠦ᠍ ᠨᠡᠢᠴᠡᠭᠦᠯᠦᠨᠡ ᠭᠡᠳᠡᠭ ᠲᠤᠩ ᠬᠡᠴᠡᠭᠦᠦ᠃ ᠲᠡᠳᠡᠨ ᠳ᠋ᠦ᠍ ᠣᠴᠢᠵᠤ ᠦᠵᠡᠭᠡ ᠦᠭᠡᠢ ᠭᠠᠵᠠᠷ ᠬᠣᠪᠣᠷ᠃ ᠬᠠᠮᠤᠭ ᠤ᠋ᠨ ᠠᠶᠤᠮᠰᠢᠭ ᠲᠠᠢ ᠨᠢ ᠮᠣᠩᠭᠣᠯ ᠮᠣᠷᠢᠳ ᠤ᠋ᠨ ᠲᠤᠭᠤᠷᠠᠢ ᠬᠦᠷᠦᠭᠰᠡᠨ ᠯᠡ ᠪᠣᠯ ᠲᠡᠨᠳᠡ ᠪᠡᠨ ᠡᠵᠡᠨ ᠰᠠᠭᠤᠳᠠᠭ ᠨᠢ ᠡᠳᠡᠨ ᠦ᠌ ᠳᠠᠪᠠᠭᠤ ᠲᠠᠯ᠎ᠠ᠃ ᠬᠡᠷᠪᠡ ᠡᠨᠡ ᠬᠠᠲᠤᠨ ᠳ᠋ᠤ᠌ ᠲᠠᠭᠠᠯᠠᠭᠳᠠᠬᠤ ᠦᠭᠡᠢ ᠪᠣᠯ ᠲᠠᠨ ᠢ᠋ ᠬᠡᠴᠡᠭᠦᠬᠡᠨ ᠶᠠᠭᠤᠮ᠎ᠠ ᠬᠦᠯᠢᠶᠡᠬᠦ ᠪᠣᠯᠤᠨ᠎ᠠ᠃ ᠶᠠᠭᠠᠷᠠᠨ ᠠᠮᠠᠯᠠᠬᠤ ᠬᠡᠷᠡᠭ ᠪᠠᠢᠪᠠ ᠤᠤ ᠭᠡᠮᠡᠨ ᠠᠰᠠᠭᠤᠬᠤ ᠳ᠋ᠤ᠌ ᠪᠦᠱᠸ ᠰᠡᠳᠬᠢᠯ ᠵᠣᠪᠠᠭᠰᠠᠨ ᠶᠠᠩᠵᠤ ᠲᠠᠢ᠃ ᠲᠦᠷᠦᠭᠦᠨ ᠡᠴᠡ ᠬᠣᠢᠰᠢ ᠨᠢᠳᠦ ᠰᠠᠯᠭᠠᠯ ᠦᠭᠡᠢ ᠥᠪᠡᠷᠰᠡᠳ ᠢ᠋ ᠨᠢ ᠠᠵᠢᠭᠯᠠᠨ ᠪᠠᠢᠭ᠎ᠠ ᠣᠷᠳᠣᠨ ᠤ᠋ ᠬᠡᠪᠲᠡᠭᠦᠯ ᠦ᠋ᠳ ᠢ᠋ ᠳᠠᠬᠢᠨ ᠬᠠᠷᠠᠪᠠ᠃
ᠮᠥᠩᠬᠡ ᠬᠠᠭᠠᠨ ᠤ᠋ ᠣᠷᠳᠣᠨ ᠳ᠋ᠤ᠌ ᠬᠣᠯᠠ ᠵᠠᠮ ᠢ᠋ ᠲᠤᠭᠤᠯᠵᠤ ᠢᠷᠡᠭᠰᠡᠨ ᠬᠡᠳᠦᠨ ᠬᠥᠮᠦᠨ ᠪᠠᠢᠪᠠ᠃ ᠲᠡᠷᠡ ᠪᠡᠷ ᠣᠷᠳᠣᠨ ᠤ᠋ ᠬᠣᠢᠮᠣᠷ ᠳᠠᠬᠢ ᠡᠷᠳᠡᠨᠢ ᠶ᠋ᠢᠨ ᠴᠢᠯᠠᠭᠤᠨ ᠰᠡᠨᠳᠡᠢ ᠳ᠋ᠦ᠍ ᠵᠠᠯᠠᠷᠠᠭᠰᠠᠨ ᠬᠠᠷᠠᠭᠳᠠᠨ᠎ᠠ᠃ ᠦᠷᠭᠦᠭᠡᠨ ᠳᠣᠲᠣᠷ᠎ᠠ ᠬᠠᠭᠠᠨ ᠤ᠋ ᠡᠬᠡ ᠰᠤᠷᠬᠠᠭᠲᠠᠨᠢ ᠬᠠᠮᠲᠤ ᠪᠠᠢᠯ᠎ᠠ᠃ ᠮᠥᠩᠬᠡ ᠬᠠᠭᠠᠨ᠄
— ᠶᠠᠭᠤ ᠭᠡᠨ᠎ᠡ ᠪᠣᠢ᠂ ᠠᠯᠲᠠᠨ ᠣᠷᠳᠣᠨ ᠤ᠋ ᠤᠯᠤᠰ ᠤ᠋ᠨ ᠡᠵᠡᠨ ᠪᠠᠲᠤ ᠬᠠᠭᠠᠨ ᠠᠯᠲᠠ ᠮᠥᠩᠭᠥᠨ ᠳ᠋ᠦ᠍ ᠳᠤᠷᠠᠯᠠᠭᠰᠠᠨ ᠬᠡᠷᠡᠭ ᠤᠤ᠂ ᠬᠠᠭᠠᠨ ᠤ᠋ ᠭᠥᠷᠥᠩᠬᠡᠨ ᠡᠴᠡ ᠲᠦᠮᠡᠨ ᠥᠯᠥᠭᠡᠢ ᠮᠥᠩᠭᠥ ᠰᠣᠶᠣᠷᠬᠠᠬᠤ ᠶ᠋ᠢ ᠬᠦᠰᠡᠪᠡ ᠭᠡᠨ᠎ᠡ ᠬᠡᠮᠡᠭᠡᠳ ᠳᠠᠭᠤ ᠪᠠᠨ ᠬᠤᠷᠢᠶᠠᠪᠠ᠃ ᠢᠷᠡᠭᠰᠡᠨ ᠬᠥᠮᠦᠰ ᠦ᠋ᠨ ᠨᠢᠭᠡ ᠨᠢ᠄
— ᠲᠡᠢᠮᠦ ᠠ᠋ ᠬᠠᠭᠠᠨᠲᠠᠨ᠂ ᠵᠢᠷᠦᠬᠡ ᠭᠠᠷᠭᠠᠨ ᠥᠴᠢᠵᠦ ᠪᠣᠢ ᠶ᠋ᠢ ᠮᠢᠨᠢ ᠥᠷᠥᠰᠢᠶᠡᠨ ᠰᠣᠶᠣᠷᠬᠠᠨ᠎ᠠ ᠤᠤ ᠬᠡᠮᠡᠬᠦ ᠳ᠋ᠦ᠍ ᠮᠥᠩᠬᠡ ᠬᠠᠭᠠᠨ᠄
— ᠲᠠ ᠪᠦᠬᠦᠨ ᠠᠮᠠᠷᠠᠵᠤ ᠲᠤᠬᠠᠯᠠᠭᠠᠳ ᠮᠠᠷᠭᠠᠰᠢ ᠦᠳᠡ ᠶ᠋ᠢᠨ ᠠᠯᠲᠠ ᠳ᠋ᠤ᠌ ᠡᠷᠭᠢᠨ ᠢᠷᠡᠵᠦ ᠬᠠᠷᠢᠭᠤ ᠪᠠᠨ ᠠᠪᠤᠨ᠎ᠠ ᠤᠤ ᠬᠡᠮᠡᠭᠡᠳ ᠲᠡᠳᠡᠨ ᠢ᠋ ᠪᠤᠴᠠᠭᠠᠯ᠎ᠠ᠃ ᠢᠷᠡᠭᠰᠡᠨ ᠬᠥᠮᠦᠰ ᠢ᠋ ᠭᠠᠷᠴᠤ ᠶᠠᠪᠤᠭᠰᠠᠨ ᠤ᠋ ᠳᠠᠷᠠᠭ᠎ᠠ ᠮᠥᠩᠬᠡ ᠬᠠᠭᠠᠨ᠄
— ᠠᠯᠲᠠᠨ ᠣᠷᠳᠣᠨ ᠤ᠋ ᠤᠯᠤᠰ ᠤ᠋ᠨ ᠡᠵᠡᠨ ᠬᠠᠭᠠᠨ ᠳ᠋ᠤ᠌ ᠠᠯᠲᠠ ᠮᠥᠩᠭᠥ ᠳᠤᠲᠠᠨ᠎ᠠ ᠭᠡᠵᠦ ᠯᠠᠪ ᠦᠭᠡᠢ ᠪᠢᠵᠡ᠂ ᠲᠡᠷᠡ ᠥᠨᠥ ᠶᠠᠮᠠᠷ ᠰᠠᠨᠠᠭ᠎ᠠ ᠠᠭᠤᠯᠤᠨ ᠡᠨᠡ ᠡᠯᠴᠢ ᠶ᠋ᠢ ᠢᠯᠡᠭᠡᠭᠰᠡᠨ ᠪᠣᠯᠬᠤ ᠶ᠋ᠢ ᠮᠡᠳᠡᠬᠦ ᠦᠭᠡᠢ ᠶᠤᠮ ᠭᠡᠬᠦ ᠳ᠋ᠦ᠍ ᠰᠤᠷᠬᠠᠭᠲᠠᠨᠢ ᠬᠠᠲᠤᠨ᠄
— ᠬᠠᠭᠠᠨ ᠤ᠋ ᠬᠡᠯᠡᠳᠡᠭ ᠦᠨᠡᠨ᠃ ᠠᠯᠲᠠᠨ ᠣᠷᠳᠣᠨ ᠤ᠋ ᠤᠯᠤᠰ ᠤ᠋ᠨ ᠡᠵᠡᠨ ᠠᠯᠲᠠ ᠮᠥᠩᠭᠥ ᠪᠡᠷ ᠳᠤᠲᠠᠨ᠎ᠠ ᠭᠡᠵᠦ ᠦᠭᠡᠢ᠂ ᠭᠡᠪᠡᠴᠦ ᠬᠡᠯᠡᠭᠰᠡᠨ ᠵᠣᠷᠢᠭ ᠢ᠋ᠶ᠋ᠠᠷ ᠨᠢ ᠲᠡᠢᠮᠦ ᠶᠡᠬᠡ ᠮᠥᠩᠭᠥ ᠶ᠋ᠢ ᠬᠠᠭᠠᠨ ᠤ᠋ ᠰᠠᠩ ᠠ᠋ᠴᠠ ᠭᠠᠷᠭᠠᠨ ᠶᠠᠪᠤᠭᠤᠯᠬᠤ ᠨᠢ ᠵᠥᠪ ᠡᠰᠡᠬᠦ ᠶ᠋ᠢ ᠬᠠᠭᠠᠨ ᠡᠵᠡᠨ ᠥᠪᠡᠷ ᠦ᠋ᠨ ᠠᠯᠪᠠᠲᠤ᠂ ᠰᠠᠢᠳ ᠲᠦᠰᠢᠮᠡᠳ ᠲᠡᠢ ᠪᠡᠨ ᠵᠥᠪᠯᠡᠨ ᠰᠢᠢᠳᠬᠦ ᠨᠢ ᠳᠡᠭᠡᠷ᠎ᠡ ᠪᠣᠯᠪᠠ ᠤᠤ ᠬᠡᠮᠡᠯ᠎ᠡ᠃ ᠮᠥᠩᠬᠡ ᠬᠠᠭᠠᠨ ᠲᠡᠷᠡ ᠳᠠᠷᠤᠢ ᠬᠠᠭᠠᠨ ᠤ᠋ ᠣᠷᠳᠣᠨ ᠳ᠋ᠤ᠌ ᠲᠥᠷᠥ ᠶ᠋ᠢᠨ ᠰᠠᠢᠳ ᠲᠦᠰᠢᠮᠡᠳ ᠢ᠋ ᠴᠤᠭᠯᠠᠷᠠᠬᠤ ᠶ᠋ᠢ ᠵᠠᠷᠯᠢᠭᠳᠠᠪᠠ᠃ ᠲᠦᠳᠡ ᠤᠳᠠᠯ ᠦᠭᠡᠢ ᠬᠠᠭᠠᠨᠲᠤ ᠲᠥᠷᠥ ᠳ᠋ᠦ᠍ ᠰᠢᠨ᠎ᠡ ᠪᠡᠷ ᠲᠣᠮᠢᠯᠠᠭᠳᠠᠭᠠᠳ ᠤᠳᠠᠭ᠎ᠠ ᠦᠭᠡᠢ ᠪᠠᠢᠭᠰᠠᠨ ᠰᠠᠢᠳ ᠲᠦᠰᠢᠮᠡᠳ ᠪᠦᠭᠦᠳᠡ ᠪᠡᠷ ᠴᠤᠭᠯᠠᠬᠤ ᠳ᠋ᠤ᠌ ᠮᠥᠩᠬᠡ ᠬᠠᠭᠠᠨ᠄
— ᠠᠯᠲᠠᠨ ᠣᠷᠳᠣᠨ ᠤ᠋ ᠤᠯᠤᠰ ᠤ᠋ᠨ ᠡᠵᠡᠨ ᠪᠠᠲᠤ ᠬᠠᠭᠠᠨ ᠪᠢᠳᠡᠨ ᠡᠴᠡ ᠲᠦᠮᠡᠨ ᠥᠯᠥᠭᠡᠢ ᠮᠥᠩᠭᠥ ᠰᠣᠶᠣᠷᠬᠠᠬᠤ ᠶ᠋ᠢ ᠬᠦᠰᠡᠵᠡᠢ᠃ ᠡᠨᠡ ᠶᠡᠬᠡ ᠮᠥᠩᠭᠥ ᠶ᠋ᠢ ᠬᠦᠰᠡᠭᠰᠡᠨ ᠢ᠋ ᠵᠣᠷᠢᠭ ᠢ᠋ᠶ᠋ᠠᠷ ᠥᠭᠴᠦ ᠶᠠᠪᠤᠭᠤᠯᠵᠤ ᠪᠣᠯᠬᠤ ᠡᠰᠡᠬᠦ ᠶ᠋ᠢ ᠰᠢᠢᠳᠬᠦ ᠶ᠋ᠢᠨ ᠤᠴᠢᠷ ᠡᠷᠬᠢᠮ ᠰᠠᠢᠳ ᠲᠦᠰᠢᠮᠡᠳ ᠢ᠋ ᠳᠠᠭᠤᠳᠠᠭᠤᠯᠤᠯ᠎ᠠ ᠭᠡᠬᠦ ᠳ᠋ᠦ᠍ ᠲᠥᠷᠥ ᠶ᠋ᠢᠨ ᠰᠠᠢᠳ ᠲᠦᠰᠢᠮᠡᠳ ᠡᠭᠡᠯᠵᠢ ᠳᠠᠷᠠᠭ᠎ᠠ ᠪᠠᠷ ᠥᠪᠡᠷ ᠥᠪᠡᠷ ᠦ᠋ᠨ ᠰᠠᠨᠠᠭ᠎ᠠ ᠪᠣᠳᠣᠯ ᠢ᠋ ᠬᠡᠯᠡᠯ᠎ᠡ᠃ ᠲᠡᠳᠡᠨ ᠦ᠌ ᠵᠠᠷᠢᠮ ᠨᠢ᠄
ᠪᠠᠲᠤ ᠬᠠᠭᠠᠨ ᠥᠨᠥ ᠬᠠᠭᠠᠨ ᠡᠵᠡᠨ ᠲᠠᠨ ᠠ᠋ᠴᠠ ᠪᠤᠷᠤᠭᠤ ᠬᠠᠷᠠᠨ ᠰᠠᠭᠤᠵᠠᠢ᠃ ᠲᠡᠷᠡ ᠥᠪᠡᠷ ᠦ᠋ᠨ ᠰᠦᠷ ᠬᠦᠴᠦ ᠶ᠋ᠢ ᠬᠠᠭᠠᠨ ᠡᠵᠡᠨ ᠳ᠋ᠦ᠍ ᠮᠡᠳᠡᠷᠡᠭᠦᠯᠬᠦ ᠶ᠋ᠢ ᠵᠣᠷᠢᠵᠤ ᠪᠠᠢᠭ᠎ᠠ ᠬᠡᠷᠡᠭ ᠪᠢᠵᠡ᠃ ᠬᠡᠷᠪᠡ ᠡᠨᠡ ᠮᠥᠩᠭᠥ ᠶ᠋ᠢ ᠶᠠᠪᠤᠭᠤᠯᠬᠤ ᠦᠭᠡᠢ ᠪᠣᠯ ᠬᠡᠴᠡᠭᠦᠬᠡᠨ ᠬᠠᠷᠢᠭᠤ ᠢᠷᠡᠵᠦ ᠪᠣᠯᠬᠤ ᠶᠤᠮ ᠭᠡᠬᠦ ᠳ᠋ᠦ᠍ ᠥᠭᠡᠷ᠎ᠡ ᠨᠢᠭᠡ ᠲᠦᠰᠢᠮᠡᠯ᠄
ᠪᠠᠲᠤ ᠬᠠᠭᠠᠨ ᠳ᠋ᠤ᠌ ᠲᠡᠢᠮᠦ ᠶᠡᠬᠡ ᠮᠥᠩᠭᠥ ᠶ᠋ᠢ ᠬᠦᠰᠡᠭᠰᠡᠨ ᠵᠣᠷᠢᠭ ᠢ᠋ᠶ᠋ᠠᠷ ᠨᠢ ᠥᠭᠴᠦ ᠶᠠᠪᠤᠭᠤᠯᠵᠤ ᠪᠣᠯᠬᠤ ᠦᠭᠡᠢ ᠪᠣᠯᠪᠠ ᠤᠤ᠃ ᠬᠡᠷᠪᠡ ᠡᠨᠡ ᠤᠳᠠᠭ᠎ᠠ ᠳ᠋ᠤ᠌ ᠥᠭᠴᠦ ᠶᠠᠪᠤᠭᠤᠯᠬᠤ ᠶᠤᠮ ᠪᠣᠯ ᠡᠵᠡᠨᠲᠦ ᠭᠦᠷᠦᠨ ᠦ᠌ ᠪᠤᠰᠤᠳ ᠭᠠᠵᠠᠷ ᠲᠤ᠌ ᠰᠠᠭᠤᠭ᠎ᠠ ᠡᠵᠡᠳ ᠮᠥᠨ ᠬᠠᠭᠠᠨ ᠤ᠋ ᠰᠠᠩ ᠠ᠋ᠴᠠ ᠬᠦᠰᠡᠭᠰᠡᠨ ᠵᠣᠷᠢᠭ ᠢ᠋ᠶ᠋ᠠᠷ ᠮᠥᠩᠭᠥ ᠨᠡᠬᠡᠮᠵᠢᠯᠡᠬᠦ ᠪᠣᠯᠤᠨ᠎ᠠ ᠬᠡᠮᠡᠪᠡ᠃ ᠵᠠᠷᠢᠮ ᠨᠢ᠄
ᠬᠡᠷᠪᠡ ᠥᠭᠴᠦ ᠶᠠᠪᠤᠭᠤᠯᠬᠤ ᠦᠭᠡᠢ ᠪᠣᠯ ᠪᠠᠲᠤ ᠬᠠᠭᠠᠨ᠂ ᠬᠠᠭᠠᠨ ᠡᠵᠡᠨ ᠥᠪᠡᠷ ᠡᠴᠡ ᠨᠢ ᠪᠤᠷᠤᠭᠤ ᠬᠠᠷᠠᠵᠤ ᠰᠠᠭᠤᠭᠰᠠᠨ ᠳ᠋ᠤ᠌ ᠬᠣᠷᠣᠰᠤᠨ᠂ ᠥᠪᠡᠷ ᠦ᠋ᠨ ᠬᠦᠴᠦ ᠶ᠋ᠢ ᠬᠠᠷᠠᠭᠤᠯᠵᠤ ᠪᠢᠳᠡᠨ ᠢ᠋ ᠳᠠᠭᠠᠷᠢᠨ ᠢᠷᠡᠵᠦ᠂ ᠬᠠᠭᠠᠨ ᠰᠢᠷᠡᠭᠡ ᠶ᠋ᠢ ᠪᠤᠯᠢᠶᠠᠨ ᠠᠪᠤᠪᠠᠯ ᠶᠠᠭᠠᠬᠢᠬᠤ ᠪᠣᠢ? ᠭᠡᠬᠦ ᠳ᠋ᠦ᠍᠂
ᠪᠠᠲᠤ ᠬᠠᠭᠠᠨ ᠪᠣᠯ ᠲᠠᠨ ᠢ᠋ ᠬᠠᠭᠠᠨ ᠰᠡᠨᠳᠡᠢ ᠳ᠋ᠦ᠍ ᠰᠠᠭᠤᠬᠤ ᠳ᠋ᠤ᠌ ᠬᠦᠨᠳᠦᠲᠡᠢ ᠭᠠᠪᠢᠶ᠎ᠠ ᠪᠠᠢᠭᠤᠯᠤᠭᠰᠠᠨ ᠬᠥᠮᠦᠨ ᠲᠤᠯᠠ ᠠᠴᠢ ᠶ᠋ᠢ ᠨᠢ ᠰᠠᠨᠠᠵᠤ ᠬᠡᠯᠡᠭᠰᠡᠨ ᠶᠣᠰᠣᠭᠠᠷ ᠨᠢ ᠲᠦᠮᠡᠨ ᠥᠯᠥᠭᠡᠢ ᠮᠥᠩᠭᠥ ᠶᠠᠪᠤᠭᠤᠯᠬᠤ ᠬᠡᠷᠡᠭᠲᠡᠢ ᠪᠣᠯᠪᠠ ᠤᠤ᠃ ᠠᠶᠠᠭᠠᠨ ᠤ᠋ ᠬᠠᠷᠢᠭᠤ ᠡᠳᠦᠷ ᠲᠡᠭᠡᠨ᠂ ᠠᠭᠲᠠ ᠶ᠋ᠢᠨ ᠬᠠᠷᠢᠭᠤ ᠵᠢᠯ ᠳ᠋ᠡᠭᠡᠨ ᠭᠡᠳᠡᠭ ᠬᠡᠮᠡᠨ᠎ᠡ᠃
ᠴᠤᠭᠯᠠᠭᠰᠠᠨ ᠣᠯᠠᠨ ᠰᠠᠢᠳ ᠲᠦᠰᠢᠮᠡᠳ ᠦ᠋ᠨ ᠠᠮᠠᠨ ᠠ᠋ᠴᠠ ᠨᠢᠭᠡᠨ ᠰᠢᠢᠳᠦᠯ ᠳ᠋ᠦ᠍ ᠬᠦᠷᠬᠦ ᠬᠠᠷᠢᠭᠤ ᠶ᠋ᠢ ᠡᠰᠡ ᠣᠯᠤᠭᠰᠠᠨ ᠮᠥᠩᠬᠡ ᠬᠠᠭᠠᠨ ᠡᠨᠡ ᠬᠡᠷᠡᠭ ᠢ᠋ ᠬᠡᠷᠬᠢᠨ ᠰᠢᠢᠳᠬᠦ ᠪᠡᠨ ᠲᠤᠩᠭᠠᠨ ᠰᠠᠭᠤᠪᠠ᠃ ᠲᠡᠷᠡ ᠪᠡᠷ《ᠰᠠᠢᠳ ᠲᠦᠰᠢᠮᠡᠳ ᠦ᠋ᠨ ᠦᠭᠡᠨ ᠡᠴᠡ ᠮᠡᠷᠭᠡᠨ ᠤᠬᠠᠭᠠᠨ ᠢ᠋ ᠣᠯᠵᠤ ᠪᠣᠯᠳᠠᠭ ᠴᠤ᠌ ᠮᠤᠩᠬᠠᠭ ᠤ᠋ᠨ ᠬᠠᠷᠠᠩᠭᠤᠢ ᠲᠠᠢ ᠬᠠᠮᠲᠤ ᠠᠭᠤᠷ ᠴᠢᠬᠤᠯ ᠢ᠋ ᠴᠦ᠍ ᠪᠠᠰᠠ ᠣᠯᠵᠤ ᠪᠣᠯᠳᠠᠭ ᠠᠵᠢ᠃ ᠬᠠᠭᠠᠨ ᠪᠢ ᠪᠤᠰᠤᠳ ᠤ᠋ᠨ ᠦᠭᠡ ᠶ᠋ᠢ ᠰᠣᠨᠣᠰᠤᠯ᠎ᠠ ᠴᠤ᠌ ᠢᠮᠠᠭᠲᠠ ᠥᠪᠡᠷ ᠦ᠋ᠨ ᠣᠶᠤᠨ ᠤᠬᠠᠭᠠᠨ ᠳᠠᠭᠠᠨ ᠳᠠᠬᠢᠨ ᠲᠤᠩᠭᠠᠵᠤ ᠪᠣᠳᠣᠬᠤ ᠬᠡᠷᠡᠭᠲᠡᠢ ᠪᠢᠵᠡ 》 ᠭᠡᠮᠡᠨ ᠪᠣᠳᠣᠭᠠᠳ᠂
ᠣᠯᠠᠨ ᠰᠠᠢᠳ ᠲᠦᠰᠢᠮᠡᠳ ᠦ᠋ᠨ ᠰᠠᠨᠠᠭ᠎ᠠ ᠪᠣᠳᠣᠯ ᠢ᠋ ᠰᠣᠨᠣᠰᠤᠯ᠎ᠠ᠃ ᠡᠨᠡ ᠪᠣᠯ ᠪᠢᠳᠡᠨ ᠦ᠌ ᠪᠤᠰᠤ᠂ ᠡᠵᠡᠨᠲᠦ ᠤᠯᠤᠰ ᠤ᠋ᠨ ᠬᠥᠷᠥᠩᠭᠡ᠃ ᠲᠡᠢᠮᠦ ᠡᠴᠡ ᠶᠡᠬᠡ ᠬᠠᠭᠠᠳ ᠤ᠋ᠨ ᠦᠯᠡᠳᠡᠭᠡᠭᠰᠡᠨ ᠬᠥᠷᠥᠩᠭᠡ ᠶ᠋ᠢ ᠡᠨᠡ ᠮᠡᠲᠦ ᠦᠷᠡᠬᠦ ᠠᠪᠠᠰᠤ ᠣᠯᠠᠨ ᠨᠣᠶᠠᠳ᠂ ᠠᠷᠠᠳ ᠲᠤ᠌ ᠬᠦᠷᠲᠡᠭᠡᠬᠦ ᠡᠩ ᠦ᠋ᠨ ᠬᠡᠰᠢᠭ ᠬᠠᠷᠠᠮᠵᠢ ᠶ᠋ᠢ ᠶᠠᠭᠤ ᠪᠠᠷ ᠣᠯᠭᠣᠬᠤ ᠪᠣᠢ᠃ ᠨᠣᠶᠠᠳ ᠲᠠ ᠨᠠᠷ ᠡᠭᠦᠨ ᠢ᠋ ᠰᠠᠢᠲᠤᠷ ᠲᠤᠩᠭᠠᠨ ᠪᠣᠳᠣᠨ᠎ᠠ ᠤᠤ᠃ ᠤᠭ ᠨᠢ ᠠᠯᠲᠠᠨ ᠣᠷᠳᠣᠨ ᠤ᠋ ᠤᠯᠤᠰ ᠤ᠋ᠨ ᠪᠠᠲᠤ ᠬᠠᠭᠠᠨ ᠪᠢᠳᠡ ᠬᠣᠶᠠᠷ ᠤᠭ ᠲᠠᠭᠠᠨ ᠨᠢᠭᠡ ᠬᠥᠮᠦᠨ ᠦ᠌ ᠬᠣᠶᠠᠷ ᠨᠢᠳᠦ ᠯᠤᠭ᠎ᠠ ᠠᠳᠠᠯᠢ ᠭᠡᠵᠦ ᠰᠠᠨᠠᠨ᠎ᠠ᠃ ᠪᠢ ᠠᠯᠢ ᠵᠦᠭ ᠲᠦ᠍ ᠬᠠᠷᠠᠨ᠎ᠠ᠃ ᠪᠠᠲᠤ ᠬᠠᠭᠠᠨ ᠲᠡᠷᠡ ᠵᠦᠭ ᠲᠦ᠍ ᠬᠠᠷᠠᠬᠤ ᠶᠣᠰᠣᠲᠠᠢ ᠠᠲᠠᠯ᠎ᠠ ᠨᠠᠳᠠ ᠠ᠋ᠴᠠ ᠲᠦᠮᠡᠨ ᠥᠯᠥᠭᠡᠢ ᠮᠥᠩᠭᠥ ᠨᠡᠬᠡᠯ᠎ᠡ᠃ ᠬᠠᠲᠤᠨ ᠡᠬᠡ ᠲᠠ ᠶᠠᠮᠠᠷ ᠪᠣᠳᠣᠯ ᠲᠠᠢ ᠪᠠᠢᠨ᠎ᠠ ᠪᠣᠢ᠂ ᠬᠦᠦ ᠨᠢ ᠲᠠᠨ ᠤ᠋ ᠦᠭᠡ ᠶ᠋ᠢ ᠰᠣᠨᠣᠰᠬᠤ ᠶ᠋ᠢ ᠬᠦᠰᠡᠵᠦ ᠪᠠᠢᠨ᠎ᠠ ᠭᠡᠮᠡᠨ ᠰᠤᠷᠠᠬᠠᠨᠲᠠᠨᠢ ᠬᠠᠲᠤᠨ ᠠ᠋ᠴᠠ ᠠᠰᠠᠭᠤᠪᠠ᠃
— ᠪᠠᠲᠤ ᠬᠠᠭᠠᠨ ᠲᠦᠮᠡᠨ ᠥᠯᠥᠭᠡᠢ ᠮᠥᠩᠭᠥ ᠨᠡᠬᠡᠮᠵᠢᠯᠡᠭᠰᠡᠨ ᠳ᠋ᠦ᠍ ᠪᠢᠳᠡ ᠥᠨᠥ ᠭᠠᠢᠬᠠᠵᠤ ᠪᠠᠢᠨ᠎ᠠ᠃ ᠲᠡᠷᠡ ᠯᠠᠪ ᠠᠯᠲᠠ ᠡᠷᠳᠡᠨᠢᠰ ᠲᠦ᠍ ᠰᠢᠨᠤᠭᠰᠠᠨ ᠳᠠᠭᠠᠨ ᠢᠩᠭᠢᠭᠡ ᠦᠭᠡᠢ ᠪᠣᠯᠪᠠ ᠤᠤ᠃ ᠪᠢᠳᠡᠨ ᠳ᠋ᠦ᠍ ᠲᠡᠭᠦᠨ ᠦ᠌ ᠬᠦᠰᠡᠭᠰᠡᠨ ᠮᠥᠩᠭᠥ ᠶ᠋ᠢ ᠥᠭᠴᠦ ᠶᠠᠪᠤᠭᠤᠯᠬᠤ᠂ ᠥᠭᠴᠦ ᠶᠠᠪᠤᠭᠤᠯᠬᠤ ᠦᠭᠡᠢ ᠬᠣᠶᠠᠷ ᠵᠠᠮ ᠪᠠᠢᠨ᠎ᠠ᠃ ᠮᠢᠨᠦ ᠰᠠᠨᠠᠬᠤ ᠳ᠋ᠤ᠌ ᠬᠡᠷᠪᠡ ᠬᠦᠰᠡᠭᠰᠡᠨ ᠮᠥᠩᠭᠥ ᠶ᠋ᠢ ᠥᠭᠴᠦ ᠶᠠᠪᠤᠭᠤᠯᠬᠤ ᠦᠭᠡᠢ ᠳ᠋ᠦ᠍ ᠬᠦᠷᠬᠦ ᠠᠪᠠᠰᠤ ᠪᠠᠲᠤ ᠬᠠᠭᠠᠨ ᠳ᠋ᠤ᠌ ᠭᠣᠮᠣᠳᠠᠯ ᠲᠠᠢ ᠪᠠᠢᠬᠤ ᠪᠣᠯᠤᠨ᠎ᠠ᠂ ᠬᠠᠷᠢᠨ ᠥᠭᠴᠦ ᠶᠠᠪᠤᠭᠤᠯᠬᠤ ᠳ᠋ᠤ᠌ ᠬᠦᠷᠪᠡᠯ ᠬᠠᠭᠠᠨ ᠤ᠋ ᠰᠠᠩ ᠳ᠋ᠤ᠌ ᠳᠡᠩᠳᠡᠭᠦᠦ ᠦᠷᠡᠯᠭᠡᠨ ᠬᠠᠨᠳᠤᠭᠰᠠᠨ ᠬᠡᠷᠡᠭ ᠪᠣᠯᠬᠤ ᠲᠤᠯᠠ ᠠᠯᠢ ᠠᠯᠢ ᠶ᠋ᠢ ᠨᠢ ᠬᠠᠷᠢᠴᠠᠭᠤᠯᠤᠨ ᠦᠵᠡᠵᠦ ᠪᠠᠢᠵᠤ ᠰᠢᠢᠳᠬᠦ ᠨᠢ ᠵᠥᠪ ᠪᠣᠯᠪᠠ ᠤᠤ᠃ ᠲᠡᠢᠮᠦ ᠡᠴᠡ ᠪᠠᠲᠤ ᠬᠠᠭᠠᠨ ᠠ᠋ᠴᠠ ᠢᠷᠡᠭᠰᠡᠨ ᠡᠯᠴᠢ ᠶ᠋ᠢ ᠳᠠᠭᠠᠯᠳᠤᠭᠤᠯᠤᠨ ᠥᠪᠡᠷᠰᠡᠳ ᠦ᠋ᠨ ᠬᠥᠮᠦᠰ ᠢ᠋ ᠶᠠᠪᠤᠭᠤᠯᠵᠤ᠂ ᠶᠠᠮᠠᠷ ᠰᠠᠨᠠᠭ᠎ᠠ ᠠᠭᠤᠯᠵᠤ ᠪᠠᠢᠭ᠎ᠠ ᠶ᠋ᠢ ᠨᠢ ᠳᠠᠩᠳᠠᠨ᠂ ᠲᠡᠭᠦᠨ ᠦ᠌ ᠬᠦᠰᠡᠯᠲᠡ ᠶ᠋ᠢ ᠬᠦᠨᠳᠦᠳᠬᠡᠨ ᠦᠵᠡᠭᠰᠡᠨ ᠢ᠋ᠶ᠋ᠡᠨ ᠢᠯᠡᠷᠬᠡᠢᠯᠡᠭᠡᠳ ᠮᠢᠩᠭᠠᠨ ᠥᠯᠥᠭᠡᠢ ᠮᠥᠩᠭᠥ ᠶᠠᠪᠤᠭᠤᠯᠤᠶ᠎ᠠ ᠬᠡᠮᠡᠬᠦ ᠳ᠋ᠦ᠍ ᠮᠥᠩᠬᠡ ᠬᠠᠭᠠᠨ᠄
— ᠶᠠᠭᠤᠨ ᠤ᠋ ᠤᠴᠢᠷ ᠭᠡᠳᠡᠭ ᠢ᠋ ᠮᠡᠳᠡᠬᠦ ᠦᠭᠡᠢ ᠴᠦ᠍ ᠲᠡᠷᠡ ᠠᠯᠲᠠ ᠡᠷᠳᠡᠨᠢᠰ ᠲᠦ᠍ ᠰᠢᠨᠤᠨ ᠳᠤᠷᠠᠯᠠᠭᠠᠳ ᠪᠠᠢᠭ᠎ᠠ ᠪᠣᠯ ᠶᠠᠭᠠᠬᠢᠶ᠎ᠠ ᠭᠡᠬᠦ ᠪᠣᠢ᠃ ᠬᠠᠲᠤᠨ ᠡᠬᠡ ᠶ᠋ᠢᠨ ᠬᠡᠯᠡᠭᠰᠡᠨ ᠢ᠋ᠶ᠋ᠡᠷ ᠲᠡᠭᠦᠨ ᠳ᠋ᠦ᠍ ᠮᠢᠩᠭᠠᠨ ᠥᠯᠥᠭᠡᠢ ᠮᠥᠩᠭᠥ ᠶᠠᠪᠤᠭᠤᠯᠤᠶ᠎ᠠ᠃ ᠬᠠᠷᠢᠨ ᠡᠨᠡ ᠮᠥᠩᠭᠥ ᠶ᠋ᠢ ᠣᠯᠠᠨ ᠨᠣᠶᠠᠳ ᠤ᠋ᠨ ᠨᠢᠭᠡ ᠪᠣᠯᠬᠤ ᠪᠠᠲᠤ ᠬᠠᠭᠠᠨ ᠳ᠋ᠤ᠌ ᠥᠭᠬᠦ ᠵᠢᠯ ᠦ᠋ᠨ ᠣᠯᠭᠣᠮᠵᠢ ᠠ᠋ᠴᠠ ᠬᠠᠰᠤᠵᠤ ᠣᠯᠭᠣ᠃ ᠮᠥᠨ ᠬᠠᠲᠤᠨ ᠡᠬᠡ ᠶ᠋ᠢᠨ ᠬᠡᠯᠡᠭᠰᠡᠨ ᠢ᠋ᠶ᠋ᠡᠷ ᠬᠡᠨ ᠬᠡᠨ ᠦ᠌ ᠪᠡᠨ ᠰᠡᠳᠬᠢᠯ ᠳᠣᠲᠣᠷ᠎ᠠ ᠰᠡᠪ ᠦᠯᠡᠳᠡᠭᠡᠬᠦ ᠦᠭᠡᠢ ᠶ᠋ᠢᠨ ᠲᠤᠯᠠᠳᠠ ᠲᠡᠨᠳᠡ ᠡᠴᠡ ᠢᠷᠡᠭᠰᠡᠨ ᠡᠯᠴᠢ ᠶ᠋ᠢ ᠳᠠᠭᠠᠯᠳᠤᠭᠤᠯᠤᠨ ᠥᠪᠡᠷ ᠦ᠋ᠨ ᠬᠥᠮᠦᠰ ᠢ᠋ᠶ᠋ᠡᠨ ᠬᠠᠮᠲᠤ ᠶᠠᠪᠤᠭᠤᠯᠵᠤ ᠰᠠᠨᠠᠭ᠎ᠠ ᠪᠣᠳᠣᠯ ᠢ᠋ ᠨᠢ ᠰᠣᠨᠣᠰᠤᠶ᠎ᠠ᠃
ᠠᠯᠲᠠᠨ ᠣᠷᠳᠣᠨ ᠤ᠋ ᠤᠯᠤᠰ ᠤ᠋ᠨ ᠡᠵᠡᠨ ᠬᠠᠭᠠᠨ ᠤ᠋ ᠦᠷᠭᠦᠭᠡᠨ ᠳ᠋ᠦ᠍ ᠶᠡᠬᠡ ᠨᠠᠢᠷ ᠴᠡᠩᠭᠡᠯ ᠢᠳᠡ ᠳᠤᠮᠳᠠ ᠪᠠᠨ ᠥᠷᠨᠢᠵᠦ ᠪᠠᠢᠯ᠎ᠠ᠃ ᠦᠷᠭᠦᠭᠡᠨ ᠦ᠌ ᠬᠣᠢᠮᠣᠷ ᠲᠤ᠌ ᠪᠠᠲᠤ ᠬᠠᠭᠠᠨ ᠶᠡᠬᠡ ᠬᠠᠲᠤᠨ ᠤ᠋ ᠪᠠᠨ ᠬᠠᠮᠲᠤ ᠵᠠᠯᠠᠷᠠᠨ ᠰᠠᠭᠤᠵᠠᠢ᠃ ᠪᠠᠷᠠᠭᠤᠨ ᠲᠠᠯ᠎ᠠ ᠪᠠᠷ ᠨᠣᠶᠠᠳ ᠲᠦᠰᠢᠮᠡᠳ ᠡᠷᠡᠮᠪᠡ ᠳᠠᠷᠠᠭᠠᠯᠠᠨ ᠰᠠᠭᠤᠵᠤ᠂ ᠰᠠᠷᠬᠤᠳ ᠲᠠᠭᠠᠯᠠᠨ ᠪᠠᠢᠬᠤ ᠳ᠋ᠤ᠌ ᠵᠡᠭᠦᠨ ᠲᠠᠯ᠎ᠠ ᠪᠠᠷ ᠬᠠᠲᠤᠳ ᠡᠮᠡᠭᠲᠡᠢᠴᠦᠳ ᠬᠠᠷᠠᠭᠳᠠᠨ᠎ᠠ᠃ ᠬᠠᠭᠠᠨ ᠡᠵᠡᠨ ᠦ᠌ ᠠᠰᠤᠷᠤ ᠲᠣᠮᠣ ᠦᠷᠭᠦᠭᠡᠨ ᠦ᠌ ᠭᠣᠣᠯ ᠳ᠋ᠤ᠌ ᠡᠷᠢᠶᠡᠨ ᠳᠠᠰᠢᠨᠵᠠ᠂ ᠰᠢᠷ᠎ᠠ ᠦᠰᠦ ᠲᠡᠢ ᠣᠷᠣᠰ ᠡᠮᠡᠭᠲᠡᠢᠴᠦᠳ ᠲᠣᠪᠰᠢᠭᠤᠷ ᠬᠥᠭᠵᠢᠮ ᠦ᠋ᠨ ᠠᠶ᠎ᠠ ᠳ᠋ᠤ᠌ ᠬᠥᠩᠭᠡᠨ᠂ ᠬᠥᠭᠵᠢᠯᠲᠡᠢ ᠪᠥᠵᠢᠭᠯᠡᠨ᠎ᠡ᠃ ᠦᠷᠭᠦᠭᠡᠨ ᠦ᠌ ᠪᠠᠷᠠᠭᠤᠨ ᠲᠠᠯ᠎ᠠ ᠪᠠᠷ ᠵᠠᠯᠠᠷᠠᠭᠰᠠᠨ ᠨᠣᠶᠠᠳ ᠲᠦᠰᠢᠮᠡᠳ ᠦ᠋ᠨ ᠳᠤᠮᠳᠠ ᠠ᠋ᠴᠠ ᠨᠢᠭᠡᠨ ᠲᠦᠰᠢᠮᠡᠯ ᠰᠠᠷᠬᠤᠳ ᠬᠦᠷᠲᠡᠭᠡᠳ ᠨᠡᠯᠢᠶᠡᠳ ᠬᠠᠯᠠᠮᠴᠠᠭᠰᠠᠨ ᠪᠣᠯᠤᠯᠲᠠᠢ ᠪᠥᠵᠢᠭᠯᠡᠵᠦ ᠪᠠᠢᠭ᠎ᠠ ᠪᠦᠰᠡᠭᠦᠢᠴᠦᠳ ᠢ᠋ ᠬᠠᠷᠠᠵᠤ ᠰᠠᠭᠤᠭᠰᠠᠨ ᠢ᠋ᠶ᠋ᠠᠨ ᠭᠡᠨᠡᠳᠲᠡ ᠥᠨᠳᠡᠢᠨ ᠪᠣᠰᠴᠤ᠂ ᠡᠮᠦᠨᠡᠬᠢ ᠬᠤᠨᠳᠠᠭ᠎ᠠ ᠲᠠᠢ ᠳᠠᠷᠠᠰᠤ ᠪᠠᠨ ᠨᠢᠭᠡ ᠬᠥᠨᠲᠥᠷᠦᠭᠡᠳ ᠪᠤᠴᠠᠭᠠᠨ ᠰᠢᠷᠡᠭᠡᠨ ᠳᠡᠭᠡᠷ᠎ᠡ ᠬᠦᠴᠦᠲᠡᠢ ᠲᠠᠯᠪᠢᠵᠤ᠂ ᠦᠷᠭᠦᠭᠡᠨ᠎ᠡ ᠪᠥᠵᠢᠭᠯᠡᠵᠦ ᠪᠣᠢ ᠣᠷᠣᠰ ᠥᠬᠢᠳ ᠦ᠋ᠨ ᠵᠠᠬ᠎ᠠ ᠠ᠋ᠴᠠ ᠨᠢᠭᠡ ᠥᠬᠢᠨ ᠲᠡᠳᠡᠨ ᠠᠪᠴᠤ ᠲᠠᠰᠤ ᠲᠡᠪᠡᠷᠢᠨ᠂ ᠤᠷᠤᠭᠤᠯ ᠳᠡᠭᠡᠷ᠎ᠡ ᠬᠦᠴᠦᠲᠡᠢ ᠣᠵᠣᠨ ᠦᠨᠦᠰᠦᠭᠡᠳ᠂ ᠴᠢᠩᠭ᠎ᠠ ᠲᠡᠪᠡᠷᠢᠭᠰᠡᠭᠡᠷ ᠡᠭᠦᠳᠡ ᠴᠢᠭᠯᠡᠨ ᠶᠠᠪᠤᠬᠤ ᠳ᠋ᠤ᠌ ᠭᠠᠷ ᠲᠤᠨᠢ ᠲᠡᠢᠴᠢᠯᠡᠬᠦ ᠡᠮᠡᠭᠲᠡᠢ ᠶ᠋ᠢᠨ ᠬᠣᠷᠮᠣᠢ ᠳᠡᠭᠡᠭᠰᠢ ᠰᠡᠬᠦᠭᠳᠡᠨ ᠭᠤᠶ᠎ᠠ ᠬᠠᠰᠠ ᠨᠢ ᠢᠯᠡ ᠬᠠᠷᠠᠭᠳᠠᠪᠠ᠃ ᠡᠨᠡ ᠪᠠᠢᠳᠠᠯ ᠢ᠋ ᠬᠠᠷᠠᠭᠰᠠᠨ ᠬᠡᠪᠲᠡᠭᠦᠯ ᠦ᠋ᠳ ᠲᠡᠭᠦᠨ ᠦ᠌ ᠭᠠᠷ ᠠ᠋ᠴᠠ ᠬᠡᠦᠬᠡᠨ ᠢ᠋ ᠰᠠᠯᠭᠠᠨ ᠠᠪᠴᠤ ᠪᠥᠵᠢᠭᠯᠡᠵᠦ ᠪᠣᠢ ᠡᠮᠡᠭᠲᠡᠢᠴᠦᠳ ᠦ᠋ᠨ ᠵᠦᠭ ᠶᠠᠪᠤᠭᠤᠯᠤᠭᠠᠳ᠂ ᠮᠥᠨᠥᠬᠢ ᠨᠣᠶᠠᠨ ᠢ᠋ ᠴᠠᠭᠠᠰᠢ ᠴᠢᠷᠦᠨ ᠦᠷᠭᠦᠭᠡᠨ ᠦ᠌ ᠡᠭᠦᠳᠡ ᠪᠡᠷ ᠠᠪᠴᠤ ᠭᠠᠷᠤᠯ᠎ᠠ᠃ ᠨᠠᠢᠷ ᠬᠠᠪᠲᠠᠭᠠᠢᠷᠠᠵᠠᠢ᠃
ᠣᠷᠣᠢ ᠨᠠᠷᠠ ᠰᠢᠩᠭᠡᠬᠦ ᠶ᠋ᠢᠨ ᠠᠯᠲᠠ ᠳ᠋ᠤ᠌ ᠲᠠᠯ᠎ᠠ ᠨᠤᠲᠤᠭ ᠠ᠋ᠴᠠ ᠡᠯᠴᠢ ᠢᠷᠡᠭᠰᠡᠨ ᠲᠤᠬᠠᠢ ᠲᠤᠭᠤᠯᠤᠭᠰᠠᠨ ᠪᠠᠲᠤ ᠬᠠᠭᠠᠨ ᠨᠠᠢᠷ ᠴᠡᠩᠭᠡᠯ ᠢ᠋ ᠥᠨᠳᠥᠷᠯᠡᠭᠦᠯᠵᠦ᠂ ᠲᠡᠳᠡᠨ ᠢ᠋ ᠳᠠᠭᠤᠳᠠᠨ ᠣᠷᠣᠭᠤᠯᠬᠤ ᠶ᠋ᠢ ᠵᠠᠷᠯᠢᠭᠳᠠᠪᠠ᠃ ᠣᠷᠳᠣᠨ ᠳ᠋ᠤ᠌ ᠢᠷᠡᠭᠰᠡᠨ ᠪᠠᠲᠤ ᠬᠠᠭᠠᠨ ᠤ᠋ ᠡᠯᠴᠢ ᠨᠠᠷ ᠮᠥᠩᠬᠡ ᠬᠠᠭᠠᠨ ᠤ᠋ ᠬᠠᠷᠠᠮ ᠰᠢᠢᠳᠪᠦᠷᠢ ᠶ᠋ᠢ ᠠᠷᠠᠢ ᠶᠠᠳᠠᠨ ᠳᠠᠮᠵᠢᠭᠤᠯᠵᠤ᠂ ᠬᠠᠭᠠᠨ ᠡᠵᠡᠨ ᠦ᠌ ᠰᠣᠶᠣᠷᠬᠠᠭᠰᠠᠨ ᠮᠢᠩᠭᠠᠨ ᠥᠯᠥᠭᠡᠢ ᠮᠥᠩᠭᠥ ᠶ᠋ᠢ ᠳᠡᠯᠭᠡᠨ ᠲᠠᠯᠪᠢᠯ᠎ᠠ᠃ ᠪᠠᠲᠤ ᠬᠠᠭᠠᠨ ᠡᠯᠴᠢ ᠶ᠋ᠢᠨ ᠦᠭᠡ ᠶ᠋ᠢ ᠨᠢᠭᠡᠳ ᠨᠢᠭᠡᠨ ᠦᠭᠡᠢ ᠠᠩᠬᠠᠷᠤᠯ ᠲᠠᠢ ᠰᠣᠨᠣᠰᠴᠤ ᠳᠠᠭᠤᠰᠬᠠᠪᠠ᠃ ᠲᠡᠷᠡ ᠪᠡᠷ ᠶᠠᠭᠤᠮ᠎ᠠ ᠬᠡᠯᠡᠭᠰᠡᠨ ᠦᠭᠡᠢ ᠭᠠᠭᠴᠠ ᠬᠦ᠌ ᠲᠡᠷᠡ ᠥᠳᠬᠡᠨ ᠬᠥᠮᠥᠰᠬᠡ ᠪᠡᠨ ᠨᠤᠮᠤᠯᠠᠨ ᠵᠠᠩᠭᠢᠳᠤᠭᠰᠠᠨ ᠪᠠᠢᠪᠠ᠃ ᠬᠡᠵᠢᠶ᠎ᠡ ᠮᠥᠳᠳᠥ ᠦᠭᠡᠢ ᠬᠢᠯᠢᠩ ᠦ᠋ᠨ ᠦᠭᠡᠰ ᠤᠨᠳᠤᠷᠤᠨ ᠭᠠᠷᠬᠤ ᠨᠢ ᠤᠤ ᠭᠡᠵᠦ ᠪᠣᠳᠣᠭᠳᠠᠮᠠ ᠠᠢᠳᠠᠰᠲᠦ ᠨᠠᠮ ᠭᠦᠮ ᠠᠯᠲᠠᠨ ᠣᠷᠳᠣᠨ ᠤ᠋ ᠤᠯᠤᠰ ᠤ᠋ᠨ ᠬᠠᠭᠠᠨ ᠤ᠋ ᠣᠷᠳᠣᠨ ᠢ᠋ ᠡᠵᠡᠯᠡᠨ ᠠᠪᠴᠠᠢ᠃ ᠡᠨᠡ ᠨᠠᠮ ᠭᠦᠮ ᠦ᠋ᠨ ᠳᠤᠮᠳᠠ ᠠᠯᠪᠠᠲᠤ ᠨᠤᠭᠤᠳ ᠤ᠋ᠨ ᠠᠮᠢᠰᠬᠤᠯ ᠨᠢ ᠬᠦᠷᠲᠡᠯ᠎ᠡ ᠰᠣᠨᠣᠰᠤᠭᠳᠠᠬᠤ ᠪᠠᠷ ᠪᠠᠢᠪᠠ᠃ ᠪᠠᠲᠤ ᠬᠠᠭᠠᠨ ᠰᠠᠶᠢ ᠠᠮᠠ ᠨᠡᠭᠡᠭᠡᠵᠦ᠂
— ᠲᠦᠮᠡᠨ ᠥᠯᠥᠭᠡᠢ ᠮᠥᠩᠭᠥ ᠨᠡᠬᠡᠮᠵᠢᠯᠡᠬᠦ ᠳ᠋ᠦ᠍ ᠮᠢᠩᠭᠠᠨ ᠥᠯᠥᠭᠡᠢ ᠮᠥᠩᠭᠥ ᠶᠠᠪᠤᠭᠤᠯᠤᠭᠰᠠᠨ ᠭᠡᠨ᠎ᠡ᠂ ᠲᠡᠷᠡ ᠮᠥᠨ ᠪᠠᠲᠤ ᠳ᠋ᠤ᠌ ᠣᠯᠭᠣᠬᠤ ᠵᠢᠯ ᠦ᠋ᠨ ᠣᠯᠭᠣᠮᠵᠢ ᠠ᠋ᠴᠠ ᠬᠠᠰᠤᠵᠤ ᠣᠯᠭᠣᠬᠤ ᠵᠠᠷᠯᠢᠭ ᠪᠠᠭᠤᠯᠭᠠᠭᠰᠠᠨ ᠪᠠᠢᠨ᠎ᠠ ᠬᠡᠮᠡᠬᠦ ᠳ᠋ᠦ᠍ ᠪᠠᠲᠤ ᠬᠠᠭᠠᠨ ᠢ᠋ ᠬᠢᠯᠢᠩᠨᠡᠬᠦ ᠡᠴᠡ ᠠᠶᠤᠭᠰᠠᠨ ᠠᠯᠪᠠᠲᠤ ᠲᠦᠰᠢᠮᠡᠳ ᠬᠡᠷᠬᠢᠬᠦ ᠪᠡᠨ ᠮᠡᠳᠡᠬᠦ ᠦᠭᠡᠢ ᠮᠡᠭᠳᠡᠨ ᠰᠠᠨᠳᠤᠷᠪᠠ᠃
ᠡᠨᠡ ᠠᠢᠳᠠᠰ ᠨᠠᠮ ᠭᠦᠮ ᠢ᠋ ᠠᠷᠠᠢ ᠶᠠᠳᠠᠨ ᠡᠪᠳᠡᠵᠦ ᠡᠯᠴᠢ ᠨᠠᠷ ᠤ᠋ᠨ ᠠᠬᠠᠯᠠᠭᠴᠢ᠄
— ᠮᠥᠩᠬᠡ ᠬᠠᠭᠠᠨ ᠥᠪᠡᠷ ᠦ᠋ᠨ ᠬᠥᠮᠦᠰ ᠢ᠋ ᠪᠢᠳᠡᠨ ᠲᠡᠢ ᠬᠠᠮᠲᠤ ᠢᠯᠡᠬᠡᠨ ᠶᠠᠪᠤᠭᠤᠯᠪᠠ ᠬᠡᠮᠡᠭᠡᠳ ᠦᠷᠭᠦᠭᠡᠨ ᠳ᠋ᠦ᠍ ᠪᠠᠷᠠᠯᠠᠬᠠᠨᠰᠠᠨ ᠬᠥᠮᠦᠰ ᠦ᠋ᠨ ᠵᠦᠭ ᠬᠠᠷᠠᠪᠠ᠃ ᠪᠠᠲᠤ ᠬᠠᠭᠠᠨ ᠲᠡᠳᠡᠨ ᠢ᠋ ᠬᠠᠷᠠᠭᠠᠳ᠂
— ᠮᠥᠩᠬᠡ ᠬᠠᠭᠠᠨ ᠤ᠋ ᠡᠯᠴᠢ ᠨᠠᠭᠠᠰᠢ ᠣᠢᠷᠠᠲᠤᠨ ᠠᠢᠯᠠᠳᠬ᠎ᠠ! ᠬᠡᠮᠡᠬᠦ ᠳ᠋ᠦ᠍ ᠲᠡᠳᠡᠨ ᠦ᠌ ᠳᠤᠮᠳᠠ ᠠ᠋ᠴᠠ ᠬᠣᠶᠠᠷ ᠬᠥᠮᠦᠨ ᠪᠠᠲᠤ ᠬᠠᠭᠠᠨ ᠤ᠋ ᠡᠮᠦᠨ᠎ᠡ ᠢᠷᠡᠵᠦ ᠰᠥᠬᠥᠷᠡᠨ ᠰᠠᠭᠤᠪᠠ᠃ ᠲᠡᠳᠡᠨ ᠦ᠌ ᠨᠢᠭᠡ ᠨᠢ᠄
— ᠮᠥᠩᠬᠡ ᠬᠠᠭᠠᠨ ᠡᠵᠡᠨ ᠲᠠᠨ ᠳ᠋ᠤ᠌ ᠥᠪᠡᠷ ᠦ᠋ᠨ ᠦᠭᠡ ᠶ᠋ᠢ ᠲᠡᠢᠨ ᠢᠯᠡᠭᠡᠯ᠎ᠡ᠃ ᠲᠡᠷᠡ ᠪᠡᠷ《ᠬᠠᠭᠠᠨ ᠡᠵᠡᠨ ᠨᠠᠳᠠ ᠪᠠᠷ ᠥᠪᠡᠷ ᠦ᠋ᠨ ᠬᠤᠪᠢ ᠳ᠋ᠤ᠌ ᠪᠠᠲᠤ ᠬᠠᠭᠠᠨ ᠤ᠋ ᠠᠴᠢ ᠶ᠋ᠢ ᠨᠠᠰᠤᠨ ᠲᠤᠷᠰᠢ ᠮᠠᠷᠲᠠᠬᠤ ᠦᠭᠡᠢ ᠶ᠋ᠢᠨ ᠲᠤᠯᠠᠳᠠ ᠬᠦᠰᠡᠭᠰᠡᠨ ᠪᠦᠬᠦᠨ ᠢ᠋ ᠲᠠᠨᠢ ᠢᠯᠡᠭᠡᠬᠦ ᠳ᠋ᠦ᠍ ᠪᠡᠯᠡᠨ ᠪᠠᠢᠨ᠎ᠠ᠃ ᠭᠡᠪᠡᠴᠦ ᠮᠣᠩᠭᠣᠯ ᠲᠥᠷᠥ ᠶ᠋ᠢᠨ ᠡᠵᠡᠨ ᠬᠠᠭᠠᠨ ᠤ᠋ ᠬᠤᠪᠢ ᠳ᠋ᠤ᠌ ᠪᠠᠲᠤ ᠬᠠᠭᠠᠨ ᠤ᠋ ᠬᠦᠰᠡᠯᠲᠡ ᠶ᠋ᠢ ᠬᠦᠯᠢᠶᠡᠨ ᠠᠪᠴᠤ ᠴᠢᠳᠠᠬᠤ ᠦᠭᠡᠢ ᠶ᠋ᠢᠨ ᠤᠴᠢᠷ ᠨᠢ ᠪᠢᠳᠡᠨ ᠦ᠌ ᠡᠴᠢᠭᠡ ᠡᠪᠦᠭᠡ ᠶ᠋ᠢᠨ ᠬᠤᠷᠢᠶᠠᠭᠰᠠᠨ ᠤᠯᠤᠰ᠂ ᠪᠣᠢ ᠪᠣᠯᠭᠠᠭᠰᠠᠨ ᠪᠠᠶᠠᠯᠢᠭ ᠢ᠋ ᠥᠪᠡᠷ ᠦ᠋ᠨ ᠳᠤᠷ᠎ᠠ ᠪᠠᠷ ᠲᠠᠷᠬᠠᠭᠠᠨ ᠥᠭᠬᠦ ᠡᠷᠬᠡ᠂ ᠮᠥᠩᠬᠡ ᠲᠩᠷᠢ ᠶ᠋ᠢᠨ ᠳᠣᠣᠷ᠎ᠠ ᠨᠠᠳᠠ ᠳ᠋ᠤ᠌ ᠦᠭᠡᠢ ᠶ᠋ᠢᠨ ᠲᠤᠯᠠ ᠮᠢᠩᠭᠠᠨ ᠥᠯᠥᠭᠡᠢ ᠮᠥᠩᠭᠥ ᠢᠯᠡᠭᠡᠪᠡ᠃ ᠬᠡᠷᠪᠡ ᠪᠠᠲᠤ ᠬᠠᠭᠠᠨ ᠤ᠋ ᠰᠦᠷ ᠬᠦᠴᠦᠨ ᠳ᠋ᠦ᠍ ᠡᠳ᠋ ᠬᠥᠷᠥᠩᠭᠡ ᠳᠤᠲᠠᠭᠳᠠᠵᠤ ᠪᠣᠢ ᠠᠪᠠᠰᠤ ᠪᠢᠳᠡᠨ ᠳ᠋ᠦ᠍ ᠦᠨᠡᠨ ᠢ᠋ ᠠᠢᠯᠠᠳᠤᠨ ᠶᠠᠪᠤᠭᠤᠯᠤᠨ᠎ᠠ ᠤᠤ? ᠬᠡᠷᠡᠭ ᠲᠡᠢ ᠴᠠᠭ ᠲᠤ᠌ ᠲᠠᠨᠢ ᠲᠤᠰᠠᠯᠠᠨ ᠳᠡᠮᠵᠢᠬᠦ ᠳ᠋ᠦ᠍ ᠪᠡᠯᠡᠨ ᠪᠣᠢ ᠬᠡᠮᠡᠯ᠎ᠡ》 ᠭᠡᠪᠡ᠃
ᠦᠷᠭᠦᠭᠡᠨ ᠳᠣᠲᠣᠷ᠎ᠠ ᠳᠠᠬᠢᠨ ᠨᠠᠮ ᠭᠦᠮ ᠨᠣᠶᠠᠷᠬᠠᠯᠠ᠃ ᠡᠨᠡ ᠠᠢᠳᠠᠰᠲᠤ ᠨᠠᠮ ᠭᠦᠮ ᠢ᠋ ᠡᠪᠳᠡᠨ ᠪᠠᠲᠤ ᠬᠠᠭᠠᠨ᠄
— ᠴᠢᠮ᠎ᠠ ᠳ᠋ᠤ᠌ ᠡᠨᠡ ᠦᠭᠡ ᠶ᠋ᠢ ᠮᠥᠩᠬᠡ ᠬᠠᠭᠠᠨ ᠥᠪᠡᠷ ᠢ᠋ᠶ᠋ᠡᠨ ᠲᠡᠢᠨ ᠶᠠᠪᠤᠭᠤᠯᠪᠠ ᠤᠤ? ᠰᠤᠷᠠᠬᠠᠨᠳᠠᠨᠢ ᠬᠠᠲᠤᠨ ᠲᠡᠢᠨ ᠶᠠᠪᠤᠭᠤᠯᠪᠠ ᠤᠤ ᠭᠡᠮᠡᠨ ᠠᠰᠠᠭᠤᠪᠠ᠃ ᠮᠥᠨᠥᠬᠢ ᠡᠯᠴᠢ᠄
— ᠮᠥᠩᠬᠡ ᠬᠠᠭᠠᠨ ᠡᠵᠡᠨ ᠲᠡᠢᠨ ᠶᠠᠪᠤᠭᠤᠯᠤᠯ᠎ᠠ ᠬᠡᠮᠡᠪᠡ᠃ ᠪᠠᠲᠤ ᠬᠠᠭᠠᠨ᠄
— ᠴᠢᠩᠭᠢᠰ ᠬᠠᠭᠠᠨ ᠤ᠋ ᠠᠴᠢ ᠬᠦᠦ ᠮᠥᠨ ᠳᠡ᠃ ᠠᠯᠲᠠᠨ ᠣᠷᠳᠣᠨ ᠤ᠋ ᠤᠯᠤᠰ ᠤ᠋ᠨ ᠡᠵᠡᠨ ᠠᠯᠲᠠᠨ ᠳ᠋ᠤ᠌ ᠳᠤᠷᠠᠯᠠᠭᠠᠳ ᠶᠠᠭᠤ ᠬᠢᠬᠦ ᠪᠢᠯᠡ᠃ ᠪᠢ ᠲᠡᠭᠦᠨ ᠢ᠋ ᠲᠤᠷᠰᠢᠨ ᠦᠵᠡᠭᠰᠡᠨ ᠬᠡᠷᠡᠭ᠃ ᠲᠡᠷᠡ ᠮᠢᠨᠦ ᠢᠲᠡᠭᠡᠯ ᠢ᠋ ᠳᠠᠭᠠᠭᠠᠯ᠎ᠠ᠃ ᠥᠨᠥ ᠪᠢ ᠡᠪᠦᠭᠡ ᠡᠴᠢᠭᠡ ᠶ᠋ᠢᠨ ᠬᠤᠷᠢᠶᠠᠭᠰᠠᠨ ᠤᠯᠤᠰ ᠲᠤ᠌ ᠡᠵᠡᠨ ᠢ᠋ ᠨᠢ ᠣᠯᠵᠤ ᠰᠠᠭᠤᠯᠭᠠᠭᠰᠠᠨ ᠪᠤᠰᠤ ᠤᠤ ᠭᠡᠮᠡᠨ ᠪᠠᠶᠠᠷ ᠲᠠᠢ ᠪᠠᠷ ᠥᠭᠦᠯᠡᠪᠡ᠃ ᠬᠡᠷᠬᠢᠬᠦ ᠨᠢ ᠲᠣᠳᠣᠷᠬᠠᠢ ᠦᠭᠡᠢ ᠠᠢᠳᠠᠰ ᠲᠦᠭᠰᠢᠭᠦᠷᠢ ᠲᠡᠭᠡᠭᠡᠨ ᠢᠷᠡᠭᠰᠡᠨ ᠬᠥᠮᠦᠰ ᠦ᠋ᠨ ᠴᠢᠷᠠᠢ ᠳ᠋ᠤ᠌ ᠢᠨᠢᠶᠡᠮᠰᠦᠭᠯᠡᠯ ᠲᠣᠳᠣᠷᠠᠭᠰᠠᠨ ᠪᠠᠢᠪᠠ᠃
ᠬᠠᠭᠠᠨ ᠤ᠋ ᠣᠷᠳᠣᠨ ᠬᠥᠯ ᠬᠥᠳᠡᠯᠭᠡᠭᠡᠨ ᠶᠡᠬᠡᠲᠡᠢ ᠪᠠᠢᠯ᠎ᠠ᠃ ᠡᠵᠡᠨᠲᠦ ᠭᠦᠷᠦᠨ ᠦ᠌ ᠨᠤᠲᠤᠭ ᠳᠡᠪᠢᠰᠬᠡᠷ ᠡᠴᠡ ᠡᠯᠴᠢ ᠲᠥᠯᠥᠭᠡᠯᠡᠭᠴᠢᠳ ᠬᠦᠷᠦᠯᠴᠡᠨ ᠢᠷᠡᠵᠡᠢ᠃ ᠥᠭᠡᠷ᠎ᠡ ᠥᠭᠡᠷ᠎ᠡ ᠵᠢᠰᠦ ᠴᠢᠷᠠᠢ᠂ ᠥᠭᠡᠷ᠎ᠡ ᠥᠭᠡᠷ᠎ᠡ ᠶᠣᠰᠣ ᠵᠠᠩᠰᠢᠯ᠂ ᠥᠪᠡᠷ ᠥᠪᠡᠷ ᠦ᠋ᠨ ᠬᠤᠪᠴᠠᠰᠤ ᠡᠳ᠋ᠯᠡᠯ ᠢ᠋ ᠡᠮᠦᠰᠦᠨ ᠢᠷᠡᠭᠰᠡᠨ ᠡᠨᠡ ᠬᠥᠮᠦᠰ ᠥᠨᠥ ᠨᠢᠭᠡᠨ ᠳᠡᠭᠡᠪᠦᠷ ᠳᠣᠣᠷ᠎ᠠ ᠴᠤᠭᠯᠠᠵᠤ ᠡᠵᠡᠨᠲᠦ ᠭᠦᠷᠦᠨ ᠦ᠌ ᠰᠦᠷ ᠬᠦᠴᠦᠨ ᠲᠡᠳᠡᠨ ᠢ᠋ ᠨᠢᠭᠡᠳᠬᠡᠵᠡᠢ᠃ ᠮᠥᠩᠬᠡ ᠬᠠᠭᠠᠨ ᠡᠵᠡᠨ ᠦᠷᠭᠦᠭᠡᠨ ᠦ᠌ ᠬᠣᠢᠮᠣᠷ ᠠ᠋ᠴᠠ ᠴᠤᠭᠯᠠᠭᠰᠠᠨ ᠣᠯᠠᠨ ᠢ᠋ ᠠᠩᠬᠠᠷᠤᠯ ᠲᠠᠢ ᠪᠠᠷ ᠠᠵᠢᠭᠯᠠᠨ ᠬᠠᠷᠠᠵᠤ ᠰᠠᠭᠤᠯ᠎ᠠ᠃ ᠲᠡᠭᠦᠨ ᠦ᠌ ᠬᠠᠷᠠᠴᠠ ᠡᠪᠦᠭᠡ ᠡᠴᠢᠭᠡ ᠰᠢᠭ ᠢ᠋ᠶ᠋ᠡᠨ ᠴᠣᠷᠭᠢᠭᠰᠠᠨ ᠪᠤᠰᠤ᠂ ᠬᠠᠷᠢᠨ ᠲᠤᠯᠤᠢ ᠡᠴᠢᠭᠡ ᠰᠢᠭ ᠢ᠋ᠶ᠋ᠡᠨ ᠭᠦᠨ ᠪᠣᠳᠣᠯ ᠢ᠋ ᠠᠭᠤᠯᠤᠭᠰᠠᠨ ᠪᠠᠢᠭ᠎ᠠ ᠶ᠋ᠢ ᠵᠠᠷᠢᠮ ᠨᠢᠭᠡ ᠨᠠᠰᠤᠲᠠᠢ ᠰᠠᠢᠳ ᠲᠦᠰᠢᠮᠡᠳ ᠠᠩᠵᠠᠭᠠᠷᠠᠨ ᠪᠠᠢᠪᠠ᠃ ᠲᠡᠳᠡ《ᠮᠥᠩᠬᠡ ᠪᠣᠯ ᠶᠡᠬᠡ ᠬᠠᠭᠠᠳ ᠤ᠋ᠨ ᠠᠯᠢ ᠠᠯᠢᠨ ᠤ᠋ ᠵᠥᠪ ᠪᠤᠷᠤᠭᠤ ᠶ᠋ᠢ ᠮᠡᠳᠡᠵᠦ᠂ ᠬᠠᠲᠤᠨ ᠡᠬᠡ ᠶ᠋ᠢᠨ ᠰᠤᠷᠭᠠᠯ ᠤᠬᠠᠭᠠᠨ ᠢ᠋ᠶ᠋ᠠᠷ ᠬᠥᠮᠦᠵᠢᠨ ᠥᠰᠦᠭᠰᠡᠨ᠂ ᠴᠡᠷᠢᠭ ᠦ᠋ᠨ ᠡᠷᠳᠡᠮ᠂ ᠤᠬᠠᠭᠠᠨ ᠤ᠋ ᠡᠷᠳᠡᠮ᠂ ᠰᠡᠳᠬᠢᠯ ᠦ᠋ᠨ ᠡᠷᠳᠡᠮ ᠳ᠋ᠦ᠍ ᠰᠤᠷᠤᠯᠴᠠᠭᠰᠠᠨ ᠨᠢᠭᠡᠨ ᠲᠤᠯᠠ ᠪᠡᠶ᠎ᠡ ᠬᠡᠯᠡ ᠰᠡᠳᠬᠢᠯ ᠭᠤᠷᠪᠠ ᠠᠮᠤᠷᠯᠢᠭᠰᠠᠨ ᠶᠡᠬᠡ ᠬᠠᠭᠠᠨ ᠲᠥᠷᠥ ᠶ᠋ᠢᠨ ᠰᠡᠨᠳᠡᠢ ᠳ᠋ᠦ᠍ ᠵᠠᠯᠠᠷᠠᠯ᠎ᠠ》 ᠭᠡᠮᠡᠨ ᠪᠡᠯᠭᠡᠰᠢᠶᠡᠵᠦ ᠪᠠᠢᠭᠰᠠᠨ ᠶᠤᠮ᠃ ᠦᠷᠭᠦᠭᠡᠨ ᠦ᠌ ᠬᠣᠢᠮᠣᠷ ᠠ᠋ᠴᠠ ᠮᠥᠩᠬᠡ ᠬᠠᠭᠠᠨ ᠨᠠᠮᠤᠭᠤᠨ ᠳᠠᠭᠤ ᠪᠠᠷ ᠶᠠᠷᠢᠶ᠎ᠠ ᠪᠠᠨ ᠡᠬᠢᠯᠡᠪᠡ᠃
—ᠨᠢᠭᠡ ᠪᠡᠶ᠎ᠡ ᠳ᠋ᠦ᠍ ᠣᠯᠠᠨ ᠲᠣᠯᠣᠭᠠᠢ ᠪᠠᠢᠬᠤ ᠨᠢ ᠠᠮᠤᠷ ᠰᠠᠭᠤᠬᠤ ᠶ᠋ᠢ ᠪᠤᠤ ᠬᠡᠯᠡ᠂ ᠠᠮᠠ ᠤᠷᠤᠭᠤ ᠪᠠᠨ ᠬᠣᠭᠣᠯᠠ ᠳᠥᠭᠥᠭᠦᠯᠬᠦ ᠪᠣᠯᠤᠮᠵᠢ ᠶ᠋ᠢ ᠦᠭᠡᠢ ᠬᠢᠭᠰᠡᠭᠡᠷ ᠥᠯᠪᠡᠷᠴᠦ ᠦᠬᠦᠬᠦ ᠳ᠋ᠦ᠍ ᠬᠦᠷᠭᠡᠳᠡᠭ᠃ ᠲᠥᠷᠥ ᠶ᠋ᠢᠨ ᠳᠣᠲᠣᠷᠠᠬᠢ ᠠᠯᠢᠪᠠ ᠬᠡᠷᠡᠭ ᠶᠠᠪᠤᠳᠠᠯ ᠬᠠᠭᠠᠨ ᠤ᠋ ᠤᠬᠠᠭᠠᠨ ᠪᠣᠳᠣᠯ ᠠ᠋ᠴᠠ ᠤᠷᠭᠤᠨ᠂ ᠬᠠᠭᠠᠨ ᠤ᠋ ᠣᠷᠳᠣᠨ ᠠ᠋ᠴᠠ ᠭᠠᠷᠤᠭᠰᠠᠨ ᠴᠠᠭ ᠲᠤ᠌ ᠰᠠᠶᠢ ᠡᠵᠡᠨᠲᠦ ᠭᠦᠷᠦᠨ ᠦ᠌ ᠨᠤᠲᠤᠭ ᠣᠷᠣᠨ ᠳᠠᠶᠠᠭᠠᠷ ᠬᠡᠷᠡᠭᠵᠢᠵᠦ ᠪᠠᠢᠬᠤ ᠶ᠋ᠢ ᠰᠠᠨᠠᠭᠤᠯᠤᠶ᠎ᠠ᠃ ᠬᠠᠭᠠᠨ ᠤ᠋ ᠵᠦᠭ ᠡᠴᠡ ᠭᠠᠷᠭᠠᠭᠰᠠᠨ ᠵᠠᠷᠯᠢᠭ ᠰᠢᠢᠳᠪᠦᠷᠢ ᠶ᠋ᠢ ᠤᠯᠤᠰ ᠤ᠋ᠨ ᠳᠡᠭᠡᠳᠦ ᠰᠢᠭᠦᠭᠴᠢ ᠮᠥᠩᠬᠡᠰᠠᠷᠠ ᠨᠣᠶᠠᠨ ᠲᠠᠨᠢᠯᠴᠠᠭᠤᠯᠤᠨ᠎ᠠ ᠭᠡᠮᠡᠨ ᠬᠡᠯᠡᠯ᠎ᠡ᠃ ᠰᠠᠢᠳ ᠲᠦᠰᠢᠮᠡᠳ ᠦ᠋ᠨ ᠳᠤᠮᠳᠠ ᠠ᠋ᠴᠠ ᠤᠯᠤᠰ ᠤ᠋ᠨ ᠳᠡᠭᠡᠳᠦ ᠰᠢᠭᠦᠭᠴᠢ ᠮᠥᠩᠬᠡᠰᠠᠷᠠ ᠨᠣᠶᠠᠨ ᠪᠣᠰᠴᠤ᠂ ᠬᠠᠭᠠᠨ ᠡᠵᠡᠨ ᠦ᠌ ᠡᠮᠦᠨᠡᠬᠢ ᠰᠢᠷᠡᠭᠡᠨ ᠳᠡᠭᠡᠷ᠎ᠡ ᠬᠤᠢᠯᠠᠨ ᠲᠠᠯᠪᠢᠭᠰᠠᠨ ᠵᠠᠷᠯᠢᠭ ᠤ᠋ᠨ ᠪᠢᠴᠢᠭ ᠢ᠋ ᠠᠪᠴᠤ᠂ ᠳᠡᠯᠭᠡᠨ ᠪᠠᠷᠢᠭᠠᠳ᠂ ᠤᠩᠰᠢᠵᠤ ᠰᠣᠨᠣᠷᠳᠠᠭᠤᠯᠤᠯ᠎ᠠ᠃
— ᠶᠡᠬᠡ ᠮᠣᠩᠭᠣᠯ ᠤᠯᠤᠰ ᠤ᠋ᠨ ᠬᠠᠭᠠᠨ ᠡᠵᠡᠨ ᠦ᠌ ᠵᠠᠷᠯᠢᠭ᠂ ᠡᠵᠡᠨᠲᠦ ᠭᠦᠷᠦᠨ ᠦ᠌ ᠨᠤᠲᠤᠭ ᠳᠡᠪᠢᠰᠬᠡᠷ ᠲᠦ᠍ ᠰᠠᠭᠤᠭ᠎ᠠ ᠶᠡᠬᠡᠰ ᠳᠡᠭᠡᠳᠦᠰ ᠥᠪᠡᠷ ᠦ᠋ᠨ ᠳᠤᠷ᠎ᠠ ᠪᠠᠷ ᠭᠡᠷᠡᠴᠢ ᠲᠡᠮᠳᠡᠭ ᠭᠠᠷᠭᠠᠨ᠂ ᠶᠣᠰᠣ ᠪᠤᠰᠤ ᠪᠠᠷ ᠠᠯᠪᠠ ᠭᠤᠪᠴᠢᠭᠤᠷ ᠲᠠᠲᠠᠪᠤᠷᠢᠯᠠᠬᠤ᠂ ᠮᠥᠨ ᠥᠪᠡᠷ ᠦ᠋ᠨ ᠳᠤᠷ᠎ᠠ ᠪᠠᠷ ᠭᠠᠵᠠᠷ ᠨᠤᠲᠤᠭ ᠲᠠᠭᠠᠨ ᠠᠢᠯ ᠡᠷᠦᠬᠡ ᠡᠯᠰᠡᠭᠦᠯᠦᠨ ᠠᠪᠬᠤ ᠶ᠋ᠢ ᠬᠠᠲᠠᠭᠤ ᠬᠣᠷᠢᠭᠯᠠᠨ᠎ᠠ᠃ ᠡᠳᠡᠭᠡᠷ ᠨᠣᠶᠠᠳ ᠲᠦᠰᠢᠮᠡᠳ ᠥᠪᠡᠷ ᠦ᠋ᠨ ᠪᠡᠶ᠎ᠡ ᠪᠡᠷ ᠬᠠᠭᠠᠨ ᠡᠵᠡᠨ ᠳ᠋ᠦ᠍ ᠪᠠᠷᠠᠯᠬᠠᠨ ᠢᠷᠡᠵᠦ᠂ ᠦᠨᠡᠨᠴᠢ ᠰᠢᠳᠤᠷᠭᠤ ᠡᠰᠡᠬᠦ ᠪᠡᠨ ᠨᠤᠲᠠᠯᠠᠨ ᠬᠠᠷᠠᠭᠤᠯᠤᠭᠰᠠᠨ ᠤ᠋ ᠳᠠᠷᠠᠭ᠎ᠠ ᠰᠠᠶᠢ ᠬᠠᠭᠤᠴᠢᠨ ᠰᠠᠭᠤᠳᠠᠯ ᠳᠠᠭᠠᠨ ᠡᠷᠭᠢᠨ ᠰᠠᠭᠤᠬᠤ ᠡᠷᠬᠡ ᠲᠡᠢ ᠪᠣᠯᠤᠨ᠎ᠠ᠃ ᠬᠠᠭᠠᠨᠲᠤ ᠲᠥᠷᠥ ᠶ᠋ᠢᠨ ᠠᠯᠲᠠᠨ ᠬᠡᠷᠡᠭᠡ ᠶ᠋ᠢ ᠰᠢᠨᠡᠴᠢᠯᠡᠨ ᠴᠢᠳᠬᠤᠵᠤ᠂ ᠬᠠᠭᠤᠴᠢᠨ ᠬᠡᠷᠡᠭᠡ ᠶ᠋ᠢ ᠥᠨᠥᠳᠥᠷ ᠡᠴᠡ ᠬᠦᠴᠦᠨ ᠦᠭᠡᠢ ᠪᠣᠯᠭᠠᠵᠤ ᠬᠣᠷᠢᠶᠠᠨ ᠠᠪᠰᠤᠭᠠᠢ᠃ ᠬᠠᠭᠠᠨᠲᠤ ᠲᠥᠷᠥ ᠶ᠋ᠢᠨ ᠨᠡᠷ᠎ᠡ ᠶ᠋ᠢ ᠪᠠᠷᠢᠨ᠂ ᠬᠠᠭᠤᠴᠢᠨ ᠬᠡᠷᠡᠭᠡ ᠶ᠋ᠢ ᠠᠰᠢᠭᠯᠠᠨ ᠬᠡᠨ ᠪᠦᠬᠦᠨ ᠢ᠋ ᠡᠷᠡᠭᠦᠳᠡᠨ ᠰᠢᠭᠦᠨ ᠥᠷᠲᠡᠭᠡ ᠤᠯᠠᠭ᠎ᠠ ᠶ᠋ᠢ ᠵᠣᠭᠰᠣᠭᠠᠵᠤ᠂ ᠬᠡᠯᠡ ᠴᠢᠮᠡᠭᠡ ᠶ᠋ᠢ ᠲᠠᠰᠤᠯᠤᠨ᠂ ᠳᠠᠬᠢᠨ ᠲᠣᠮᠢᠯᠠᠬᠤ ᠬᠦᠷᠲᠡᠯ᠎ᠡ ᠥᠷᠲᠡᠭᠡ ᠤᠯᠠᠭ᠎ᠠ ᠬᠡᠷᠡᠭᠯᠡᠬᠦ ᠶ᠋ᠢ ᠴᠢᠩᠭᠠᠯᠠᠨ ᠬᠣᠷᠢᠭᠯᠠᠨ᠎ᠠ ᠭᠡᠮᠡᠨ ᠤᠩᠰᠢᠵᠤ ᠰᠣᠨᠣᠷᠳᠠᠭᠤᠯᠤᠯ᠎ᠠ᠃ ᠴᠤᠭᠯᠠᠭᠰᠠᠨ ᠣᠯᠠᠨ ᠤᠯᠤᠰ ᠤ᠋ᠨ ᠳᠡᠭᠡᠳᠦ ᠰᠢᠭᠦᠭᠴᠢ ᠮᠥᠩᠬᠡᠰᠠᠷᠠ ᠨᠣᠶᠠᠨ ᠤ᠋ ᠳᠥᠩᠭᠡᠵᠦ ᠰᠠᠶᠢ ᠤᠩᠰᠢᠵᠤ ᠰᠣᠨᠣᠷᠳᠠᠭᠤᠯᠤᠭᠰᠠᠨ ᠵᠠᠷᠯᠢᠭ ᠤ᠋ᠨ ᠪᠢᠴᠢᠭ ᠢ᠋ ᠤᠬᠠᠨ ᠪᠣᠳᠣᠵᠤ ᠪᠠᠢᠬᠤ ᠳ᠋ᠤ᠌ ᠠᠯᠢ ᠬᠡᠳᠦᠢᠨᠡᠢ ᠡᠵᠡᠨᠲᠦ ᠭᠦᠷᠦᠨ ᠦ᠌ ᠨᠤᠲᠤᠭ ᠣᠷᠣᠨ ᠳᠠᠶᠠᠭᠠᠷ ᠡᠨᠡ ᠵᠠᠷᠯᠢᠭ ᠬᠡᠷᠡᠭᠵᠢᠵᠦ ᠡᠬᠢᠯᠡᠭᠰᠡᠨ ᠪᠠᠢᠪᠠ᠃
ᠠᠯᠤᠰ ᠠ᠋ᠴᠠ ᠨᠢᠭᠡᠨ ᠮᠣᠷᠢᠲᠠᠨ ᠲᠣᠭᠣᠰᠣ ᠲᠠᠲᠠᠭᠤᠯᠤᠨ ᠬᠤᠷᠳᠤᠯᠠᠭᠰᠠᠭᠠᠷ ᠠᠢᠰᠤᠢ᠃ ᠲᠡᠷᠡ ᠪᠡᠷ ᠲᠣᠪᠯᠠᠭᠰᠠᠨ ᠭᠠᠵᠠᠷ ᠢ᠋ᠶ᠋ᠠᠨ ᠢᠷᠡᠨ ᠳᠠᠮᠵᠢᠭᠤᠯᠤᠭᠰᠠᠨ ᠬᠡᠯᠡ ᠶ᠋ᠢ ᠳᠠᠷᠠᠭ᠎ᠠ ᠶ᠋ᠢᠨ ᠮᠣᠷᠢᠲᠠᠨ ᠵᠠᠯᠭᠠᠭᠤᠯᠤᠨ ᠥᠷᠲᠡᠭᠡᠯᠡᠵᠦ ᠶᠠᠪᠤᠭᠰᠠᠭᠠᠷ ᠡᠨᠡ ᠬᠡᠯᠡ ᠴᠢᠮᠡᠭᠡ ᠣᠴᠢᠬᠤ ᠶᠣᠰᠣᠲᠠᠢ ᠭᠠᠵᠠᠷ ᠲᠤ᠌ ᠬᠦᠷᠳᠡᠭ ᠵᠢᠮ᠎ᠡ ᠲᠡᠢ᠃ ᠥᠭᠡᠳᠡᠢ ᠬᠠᠭᠠᠨ ᠡᠵᠡᠨ ᠰᠡᠷᠡᠭᠦᠨ ᠠᠬᠤᠢ ᠳᠠᠭᠠᠨ ᠥᠷᠲᠡᠭᠡ ᠤᠯᠠᠭ᠎ᠠ ᠶ᠋ᠢ ᠦᠨᠳᠦᠰᠦᠯᠡᠵᠦ᠂ ᠲᠠᠯ᠎ᠠ ᠨᠤᠲᠤᠭ ᠲᠤ᠌ ᠳᠠᠷᠬᠠᠨ ᠪᠠᠢᠬᠤ ᠴᠤᠤ ᠶᠠᠷᠢᠶ᠎ᠠ ᠶ᠋ᠢ ᠦᠭᠡᠢ ᠬᠢᠨ᠂ ᠦᠨᠡᠨ ᠬᠡᠯᠡ ᠴᠢᠮᠡᠭᠡ ᠶ᠋ᠢ ᠵᠠᠯᠭᠠᠭᠤᠯᠬᠤ ᠥᠷᠲᠡᠭᠡ ᠤᠯᠠᠭ᠎ᠠ ᠪᠣᠢ ᠪᠣᠯᠭᠠᠭᠰᠠᠨ ᠨᠢ ᠥᠨᠥ ᠶ᠋ᠢ ᠬᠦᠷᠲᠡᠯ᠎ᠡ ᠡᠭᠦᠷᠭᠡ ᠪᠡᠨ ᠭᠦᠢᠴᠡᠳᠬᠡᠭᠰᠡᠭᠡᠷ ᠢᠷᠡᠭᠰᠡᠨ ᠪᠠᠢᠪᠠ᠃ ᠬᠠᠷᠢᠨ ᠡᠨᠡ ᠤᠳᠠᠭ᠎ᠠ ᠳ᠋ᠤ᠌ ᠳᠠᠪᠬᠢᠨ ᠢᠷᠡᠭᠰᠡᠨ ᠮᠣᠷᠢᠲᠠᠨ ᠢ᠋ ᠰᠡᠯᠡᠮ᠎ᠡ ᠵᠢᠳᠠ ᠠᠭᠰᠠᠭᠰᠠᠨ ᠬᠦᠳᠡᠷ ᠡᠷᠡᠰ ᠲᠣᠰᠣᠨ ᠠᠪᠤᠪᠠ᠃ ᠥᠷᠲᠡᠭᠡᠨ ᠳ᠋ᠦ᠍ ᠢᠷᠡᠭᠰᠡᠨ ᠡᠯᠴᠢ ᠶ᠋ᠢ ᠲᠣᠰᠣᠨ ᠬᠦᠯᠢᠶᠡᠵᠦ ᠪᠠᠢᠭᠰᠠᠨ ᠡᠷᠡᠰ ᠳᠠᠷᠠᠭ᠎ᠠ ᠶ᠋ᠢᠨ ᠤᠯᠠᠭᠠᠴᠢᠳ ᠲᠤ᠌ ᠵᠠᠯᠭᠠᠭᠤᠯᠬᠤ ᠬᠡᠯᠡ ᠶ᠋ᠢ ᠲᠠᠰᠤᠯᠤᠨ ᠵᠣᠭᠰᠣᠭᠠᠵᠤ᠂ ᠡᠯᠴᠢ ᠶ᠋ᠢ ᠰᠠᠭᠠᠳᠠᠭᠤᠯᠪᠠ᠃
ᠡᠨᠡ ᠦᠢᠯᠡ ᠶᠠᠪᠤᠳᠠᠯ ᠥᠷᠲᠡᠭᠡ ᠪᠦᠬᠦᠨ ᠳᠡᠭᠡᠷ᠎ᠡ ᠥᠷᠨᠢᠵᠦ᠂ ᠲᠠᠯ᠎ᠠ ᠨᠤᠲᠤᠭ ᠢ᠋ᠶ᠋ᠠᠷ ᠮᠣᠷᠢᠨ ᠤ᠋ ᠬᠤᠷᠳᠤ ᠪᠠᠷ ᠳᠠᠪᠬᠢᠨ ᠶᠠᠪᠤᠬᠤ ᠪᠦᠬᠦ ᠡᠯᠴᠢᠳ ᠢ᠋ ᠵᠣᠭᠰᠣᠭᠠᠭᠰᠠᠨ ᠪᠠᠢᠪᠠ᠃ ᠦᠨᠡᠨ ᠬᠡᠯᠡ ᠴᠢᠮᠡᠭᠡ ᠵᠠᠮ ᠳᠠᠭᠠᠨ ᠲᠠᠰᠤᠷᠠᠵᠤ᠂ ᠦᠭᠡ ᠶᠠᠷᠢᠶ᠎ᠠ ᠶ᠋ᠢ ᠳᠠᠮᠵᠢᠭᠤᠯᠬᠤ ᠬᠥᠮᠦᠰ ᠨᠢ ᠰᠠᠭᠠᠲᠠᠭᠤᠯᠣᠬᠳᠠᠵᠠᠢ᠃ ᠡᠵᠡᠨᠲᠦ ᠭᠦᠷᠦᠨ ᠦ᠌ ᠨᠤᠲᠤᠭ ᠲᠤ᠌ ᠥᠷᠲᠡᠭᠡᠯᠡᠬᠦ ᠥᠷᠲᠡᠭᠡ ᠪᠦᠬᠦᠨ ᠵᠡᠪᠰᠡᠭᠯᠡᠭᠰᠡᠨ ᠬᠥᠮᠦᠰ ᠦ᠋ᠨ ᠬᠢᠨᠠᠯᠲᠠ ᠳ᠋ᠤ᠌ ᠣᠷᠣᠪᠠ᠃ ᠡᠨᠡ ᠦᠶ᠎ᠡ ᠳ᠋ᠦ᠍ ᠮᠣᠷᠢᠨ ᠥᠷᠲᠡᠭᠡ ᠪᠦᠷᠢᠮᠦᠰᠦᠨ ᠵᠣᠭᠰᠣᠪᠠ᠃ ᠪᠦᠬᠦᠢ ᠯᠡ ᠴᠢᠮᠡᠭᠡ ᠲᠠᠰᠤᠷᠠᠵᠤ᠂ ᠲᠠᠭᠠᠮᠠᠭ ᠰᠤᠷᠠᠭ ᠪᠣᠯᠤᠨ ᠦᠷᠭᠦᠯᠵᠢᠯᠡᠯ᠎ᠡ᠃ ᠦᠨᠳᠦᠰᠦᠨ ᠳ᠋ᠡᠭᠡᠨ ᠬᠠᠷᠢᠴᠠᠭ᠎ᠠ ᠬᠣᠯᠪᠣᠭᠠᠨ ᠤ᠋ ᠡᠭᠦᠷᠭᠡ ᠭᠦᠢᠴᠡᠳᠬᠡᠵᠦ ᠪᠠᠢᠭᠰᠠᠨ ᠥᠷᠲᠡᠭᠡ ᠤᠯᠠᠭ᠎ᠠ ᠦᠭᠡᠢ ᠪᠣᠯᠤᠭᠰᠠᠨ ᠲᠤᠯᠠ ᠡᠭᠦᠨ ᠢ᠋ ᠣᠷᠣᠯᠠᠬᠤ ᠶᠠᠮᠠᠷ ᠨᠢᠭᠡᠨ ᠵᠦᠢᠯ ᠪᠠᠢᠭᠰᠠᠨ ᠦᠭᠡᠢ ᠳ᠋ᠦ᠍ ᠬᠥᠮᠦᠰ ᠠᠶᠤᠨ ᠮᠡᠭᠳᠡᠵᠣ ᠡᠬᠢᠯᠡᠯ᠎ᠡ᠃
ᠡᠢᠮᠦ ᠪᠠᠢᠳᠠᠯ ᠢ᠋ᠶ᠋ᠠᠷ ᠬᠡᠳᠦ ᠬᠣᠨᠣᠭ ᠲᠠᠰᠤᠷᠠᠭᠰᠠᠨ ᠥᠷᠲᠡᠭᠡ ᠤᠯᠠᠭ᠎ᠠ ᠨᠢᠭᠡ ᠯᠡ ᠡᠳᠦᠷ ᠠᠮᠢ ᠣᠷᠣᠵᠤ᠂ ᠥᠷᠲᠡᠭᠡ ᠪᠦᠬᠦᠨ ᠳᠡᠭᠡᠷ᠎ᠡ ᠰᠢᠨ᠎ᠡ ᠰᠢᠨ᠎ᠡ ᠬᠥᠮᠦᠰ ᠢ᠋ ᠲᠣᠮᠢᠯᠠᠨ ᠲᠠᠯᠪᠢᠭᠰᠠᠨ ᠪᠠᠢᠪᠠ᠃ ᠬᠡᠳᠦᠨ ᠬᠣᠨᠣᠭ ᠤ᠋ᠨ ᠲᠤᠷᠰᠢᠲᠠ ᠲᠠᠰᠤᠷᠠᠭᠰᠠᠨ ᠬᠠᠷᠢᠯᠴᠠᠭ᠎ᠠ ᠳᠠᠬᠢᠨ ᠰᠡᠷᠭᠦᠵᠦ᠂ ᠡᠨᠡ ᠪᠦᠬᠦ ᠮᠡᠳᠡᠭᠡ ᠵᠥᠪᠬᠡᠨ ᠬᠠᠭᠠᠨᠲᠤ ᠲᠥᠷᠥ ᠶ᠋ᠢᠨ ᠬᠠᠲᠠᠭᠤ ᠬᠢᠨᠠᠯᠲᠠ ᠳᠣᠣᠷ᠎ᠠ᠂ ᠬᠠᠭᠠᠨ ᠡᠵᠡᠨ ᠦ᠌ ᠢᠲᠡᠭᠡᠮᠵᠢᠯᠡᠭᠳᠡᠭᠰᠡᠨ ᠬᠥᠮᠦᠰ ᠢ᠋ᠶ᠋ᠡᠷ ᠳᠠᠮᠵᠢᠬᠤ ᠪᠣᠯᠤᠯ᠎ᠠ᠃ ᠥᠷᠲᠡᠭᠡ ᠤᠯᠠᠭ᠎ᠠ ᠪᠠᠷ ᠳᠠᠮᠵᠢᠨ ᠶᠠᠪᠤᠭᠰᠠᠨ ᠴᠤᠤ ᠦᠨᠡᠨ ᠬᠤᠳᠠᠯ ᠶᠠᠷᠢᠶ᠎ᠠ ᠲᠠᠰᠤᠷᠠᠵᠤ᠂ ᠴᠠᠭᠠᠰᠢ ᠳᠠᠮᠵᠢᠬᠤ ᠠᠷᠭ᠎ᠠ ᠦᠭᠡᠢ ᠳ᠋ᠦ᠍ ᠬᠦᠷᠪᠡ᠃
ᠡᠨᠡ ᠦᠶ᠎ᠡ ᠳ᠋ᠦ᠍ ᠬᠠᠷᠠᠬᠣᠷᠣᠮ ᠠ᠋ᠴᠠ ᠵᠡᠭᠦᠨ ᠣᠷᠣᠭᠰᠢ ᠤᠭᠲᠤᠬᠤ ᠬᠣᠲᠠ ᠶ᠋ᠢᠨ ᠬᠡᠷᠡᠮ ᠦ᠋ᠨ ᠳᠤᠮᠳᠠᠬᠢ ᠤᠷᠲᠤ ᠦᠷᠭᠦᠭᠡᠨ ᠦ᠌ ᠭᠣᠣᠯ ᠳ᠋ᠤ᠌ ᠵᠠᠰᠠᠭᠰᠠᠨ ᠲᠠᠪᠴᠠᠩ ᠳᠡᠭᠡᠷ᠎ᠡ ᠡᠵᠡᠨᠲᠦ ᠭᠦᠷᠦᠨ ᠦ᠌ ᠥᠨᠴᠥᠭ ᠪᠤᠯᠤᠩ ᠪᠦᠷᠢ ᠡᠴᠡ ᠢᠷᠡᠭᠰᠡᠨ ᠠᠯᠲᠠᠨ ᠬᠡᠷᠡᠭᠡ ᠨᠦ᠍ᠭᠦᠳ ᠢ᠋ ᠥᠷᠥᠨ ᠲᠠᠯᠪᠢᠵᠠᠢ᠃ ᠠᠯᠲᠠᠨ ᠬᠡᠷᠡᠭᠡ ᠨᠦ᠍ᠭᠦᠳ ᠳᠡᠭᠡᠷ᠎ᠡ ᠳᠡᠭᠡᠷ᠎ᠡ ᠡᠴᠡ ᠪᠡᠨ ᠨᠡᠮᠡᠭᠳᠡᠭᠰᠡᠭᠡᠷ ᠥᠨᠥ ᠠᠭᠤᠯᠠ ᠣᠪᠣᠭ᠎ᠠ ᠰᠢᠭ᠋ ᠶᠡᠬᠡ ᠪᠣᠯᠤᠭᠰᠠᠨ ᠪᠠᠢᠪᠠ᠃ ᠮᠥᠩᠬᠡ ᠬᠠᠭᠠᠨ ᠳᠠᠭᠠᠯᠳᠤᠭᠴᠢ ᠶ᠋ᠢᠨ ᠢ᠋ᠶ᠋ᠡᠨ ᠬᠠᠮᠲᠤ ᠤᠭᠲᠤᠬᠤ ᠬᠣᠲᠠ ᠳ᠋ᠤ᠌ ᠰᠠᠭᠠᠲᠠᠨ ᠪᠠᠢᠬᠤ ᠵᠠᠭᠤᠷ᠎ᠠ ᠣᠪᠣᠭᠠᠯᠠᠨ ᠬᠤᠷᠢᠶᠠᠭᠰᠠᠨ ᠠᠯᠲᠠᠨ ᠬᠡᠷᠡᠭᠡ ᠨᠦ᠍ᠭᠦᠳ ᠢ᠋ ᠬᠠᠷᠠᠭᠠᠳ᠂
—ᠮᠣᠩᠭᠣᠯ ᠲᠥᠷᠥ ᠶ᠋ᠢᠨ ᠣᠷᠣᠭ᠎ᠠ ᠪᠣᠰᠬᠠᠭ᠎ᠠ ᠦᠶ᠎ᠡ ᠳ᠋ᠦ᠍ ᠬᠥᠮᠦᠨ ᠪᠦᠷᠢ ᠥᠪᠡᠷ ᠦ᠋ᠨ ᠳᠤᠷ᠎ᠠ ᠪᠠᠷ ᠬᠠᠭᠠᠨ ᠡᠵᠡᠨ ᠦ᠌ ᠨᠡᠷ᠎ᠡ ᠶ᠋ᠢᠨ ᠡᠮᠦᠨ᠎ᠡ ᠡᠴᠡ ᠠᠯᠲᠠᠨ ᠬᠡᠷᠡᠭᠡ ᠦᠢᠯᠡᠳᠴᠦ᠂ ᠵᠠᠷᠯᠢᠭ ᠰᠢᠢᠳᠪᠦᠷᠢ ᠶ᠋ᠢ ᠳᠤᠷ᠎ᠠ ᠪᠠᠷ ᠵᠥᠷᠢᠴᠡᠨ᠂ ᠡᠮᠬᠢ ᠵᠠᠮᠪᠠᠷᠠᠭ᠎ᠠ ᠦᠭᠡᠢ ᠪᠠᠢᠳᠠᠯ ᠭᠠᠵᠠᠷ ᠠᠪᠤᠭᠰᠠᠨ ᠢ᠋ ᠡᠨᠳᠡ ᠣᠪᠣᠭᠠᠯᠠᠭᠰᠠᠨ ᠬᠡᠷᠡᠭᠡ ᠨᠦ᠍ᠭᠦᠳ ᠢᠯᠡᠳᠬᠡᠬᠦ ᠪᠢᠵᠡ᠃ ᠡᠳᠡᠨ ᠢ᠋ ᠴᠢᠳᠬᠤᠵᠤ ᠬᠠᠭᠠᠨ ᠤ᠋ ᠰᠠᠩ ᠳ᠋ᠤ᠌ ᠲᠤᠰᠢᠶᠠᠭᠠᠳ᠂ ᠳᠠᠬᠢᠨ ᠠᠯᠲᠠᠨ ᠬᠡᠷᠡᠭᠡ ᠶ᠋ᠢ ᠰᠢᠨ᠎ᠡ ᠪᠡᠷ ᠦᠢᠯᠡᠳᠦᠨ ᠡᠮᠬᠢ ᠵᠠᠮᠪᠠᠷᠠᠭ᠎ᠠ ᠶ᠋ᠢ ᠲᠣᠭᠲᠠᠭ᠎ᠠ ᠭᠡᠮᠡᠨ ᠵᠠᠷᠯᠢᠭᠳᠠᠪᠠ᠃
ᠬᠠᠷᠠᠬᠣᠷᠣᠮ ᠤ᠋ᠨ ᠲᠦᠮᠡᠨ ᠠᠮᠤᠭᠤᠯᠠᠩᠲᠤ ᠣᠷᠳᠣᠨ ᠤ᠋ ᠡᠮᠦᠨ᠎ᠡ ᠭᠣᠶᠣᠮᠰᠣᠭ ᠮᠥᠩᠭᠥᠨ ᠮᠣᠳᠣ ᠰᠦᠨᠳᠡᠷᠯᠡᠨ ᠪᠣᠰᠴᠠᠢ᠃ ᠣᠷᠳᠣᠨ ᠤ᠋ ᠡᠮᠦᠨᠡᠬᠢ ᠠᠰᠤᠷᠤ ᠲᠣᠮᠣ ᠮᠥᠩᠭᠥᠨ ᠮᠣᠳᠣ ᠶ᠋ᠢ ᠠᠯᠲᠠ ᠮᠥᠩᠭᠥ ᠪᠡᠷ ᠬᠣᠣᠰᠯᠠᠭᠤᠯᠤᠨ ᠤᠷᠠᠯᠠᠵᠤ ᠮᠥᠩᠭᠥᠨ ᠮᠣᠳᠣᠨ ᠤ᠋ ᠮᠥᠴᠢᠷ ᠰᠠᠯᠠᠭ᠎ᠠ ᠪᠦᠬᠦᠨ ᠡᠴᠡ ᠮᠥᠩᠭᠥᠨ ᠵᠢᠮᠢᠰ ᠰᠠᠭᠰᠠᠢᠨ ᠪᠠᠢᠨ᠎ᠠ᠃ ᠮᠥᠴᠢᠷ ᠦ᠋ᠳ ᠪᠠᠢᠰᠢᠩ ᠤ᠋ᠨ ᠳᠡᠭᠡᠪᠦᠷ ᠡᠴᠡ ᠥᠨᠳᠥᠷ ᠲᠦ᠍ ᠭᠠᠷᠴᠠᠢ᠃ ᠮᠣᠳᠣᠨ ᠤ᠋ ᠤᠭ ᠲᠤᠨᠢ ᠳᠥᠷᠪᠡᠨ ᠮᠥᠩᠭᠥᠨ ᠠᠷᠰᠯᠠᠨ ᠪᠠᠢᠬᠤ ᠶᠤᠮ᠃ ᠳᠥᠷᠪᠡᠨ ᠮᠥᠩᠭᠥᠨ ᠴᠦ᠍ᠷᠭᠣ ᠮᠣᠳᠣᠨ ᠤ᠋ ᠭᠣᠣᠯ ᠢ᠋ ᠣᠷᠢᠶᠠᠨ ᠳᠡᠭᠡᠭᠰᠢ ᠥᠨᠳᠡᠢᠨ ᠭᠠᠷᠴᠠᠢ᠃ ᠮᠥᠩᠭᠥᠨ ᠴᠦ᠍ᠷᠭᠣᠨ ᠤ᠋ ᠰᠠᠯᠠᠭ᠎ᠠ ᠪᠦᠷᠢ ᠶ᠋ᠢ ᠳᠥᠷᠪᠡᠨ ᠰᠢᠷᠬᠡᠭ ᠠᠯᠲᠠᠨ ᠮᠣᠭᠠᠢ ᠣᠷᠢᠶᠠᠭᠰᠠᠨ ᠬᠠᠷᠠᠭᠳᠠᠨ᠎ᠠ᠃ ᠮᠣᠳᠣᠨ ᠤ᠋ ᠣᠷᠣᠢ ᠶ᠋ᠢᠨ ᠬᠡᠰᠡᠭ ᠲᠦ᠍ ᠪᠢᠰᠬᠢᠭᠦᠷ ᠪᠠᠷᠢᠭᠰᠠᠨ ᠲᠩᠷᠢ ᠶ᠋ᠢᠨ ᠡᠯᠴᠢ ᠵᠣᠭᠰᠣᠵᠠᠢ᠃ ᠮᠥᠨᠥᠬᠢ ᠲᠩᠷᠢ ᠶ᠋ᠢᠨ ᠡᠯᠴᠢ ᠶ᠋ᠢᠨ ᠪᠢᠰᠬᠢᠭᠦᠷ ᠳᠤᠤᠭᠠᠷᠬᠤ ᠳ᠋ᠤ᠌ ᠮᠣᠭᠠᠢ ᠨᠤᠭᠤᠳ ᠤ᠋ᠨ ᠠᠮᠠᠨ ᠠ᠋ᠴᠠ ᠳᠥᠷᠪᠡᠨ ᠵᠦᠢᠯ ᠦ᠋ᠨ ᠢᠰᠬᠦᠯᠡᠩ ᠤᠮᠳᠠᠭ᠎ᠠ ᠪᠣᠯᠬᠤ ᠠᠢᠷᠠᠭ᠂ ᠴᠡᠭᠡᠨ ᠲᠤᠩᠭᠠᠯᠠᠭ ᠬᠠᠷ᠎ᠠ ᠺᠦᠮᠢᠰ(ᠴᠡᠬᠡ)᠂ ᠤᠰᠤᠨ ᠦᠵᠦᠮ ᠦ᠋ᠨ ᠠᠷᠢᠬᠢ᠂ ᠪᠠᠯᠲᠤ ᠳᠠᠷᠠᠰᠤ ᠤᠨᠳᠤᠷᠤᠨ ᠭᠠᠷᠴᠤ ᠮᠣᠳᠣᠨ ᠤ᠋ ᠢᠷᠣᠭᠠᠷ ᠲᠤ᠌ ᠲᠠᠯᠪᠢᠭᠰᠠᠨ ᠮᠥᠩᠭᠥᠨ ᠲᠣᠷᠬᠠᠨ ᠳ᠋ᠤ᠌ ᠶᠡᠭᠦᠯᠡᠭᠳᠡᠬᠦ ᠠᠵᠢ᠃ ᠤᠷᠢᠳ ᠡᠮᠦᠨ᠎ᠡ ᠦᠵᠡᠭᠳᠡᠬᠦ ᠬᠠᠷᠠᠬᠤ ᠶ᠋ᠢ ᠨᠢ ᠪᠦᠦ ᠬᠡᠯᠡ᠂ ᠳᠤᠭᠤᠯᠳᠠᠵᠤ ᠰᠣᠨᠣᠰᠤᠭᠳᠠᠭ᠎ᠠ ᠦᠭᠡᠢ ᠭᠠᠢᠬᠠᠮᠰᠢᠭᠲᠤ ᠮᠥᠩᠭᠥᠨ ᠮᠣᠳᠣ᠂ ᠠᠭᠤᠤ ᠶᠡᠬᠡ ᠰᠦᠷ ᠬᠦᠴᠦᠨ ᠦ᠌ ᠪᠡᠯᠭᠡᠳᠡᠯ ᠪᠣᠯᠤᠨ ᠲᠦᠮᠡᠨ ᠠᠮᠤᠭᠤᠯᠠᠩᠲᠤ ᠣᠷᠳᠣᠨ ᠤ᠋ ᠡᠮᠦᠨ᠎ᠡ ᠤᠷᠭᠤᠨ ᠪᠣᠰᠤᠭᠰᠠᠨ ᠢ᠋ ᠬᠠᠷᠠᠵᠤ ᠰᠣᠨᠢᠷᠬᠠᠬᠤ ᠪᠠᠷ ᠬᠠᠭᠠᠨᠲᠤ ᠲᠥᠷᠥ ᠶ᠋ᠢᠨ ᠶᠡᠬᠡᠰ ᠳᠡᠭᠡᠳᠦᠰ ᠨᠢᠭᠡᠨ ᠳᠣᠣᠷ᠎ᠠ ᠴᠤᠭᠯᠠᠭᠰᠠᠨ ᠪᠠᠢᠪᠠ᠃ ᠮᠥᠩᠭᠥᠨ ᠲᠣᠷᠬᠠᠨ ᠠ᠋ᠴᠠ ᠡᠷᠳᠡᠨᠢ ᠶ᠋ᠢᠨ ᠤᠮᠳᠠᠭ᠎ᠠ ᠶ᠋ᠢ ᠠᠯᠲᠠᠨ ᠠᠶᠠᠭᠠᠨ ᠳ᠋ᠤ᠌ ᠠᠶᠠᠭᠠᠯᠠᠨ ᠬᠠᠭᠠᠨ ᠡᠵᠡᠨ ᠮᠥᠩᠬᠡ ᠳ᠋ᠦ᠍ ᠪᠠᠷᠢᠭᠰᠠᠨ ᠬᠥᠮᠦᠨ ᠪᠣᠯ ᠤᠷᠠᠨ ᠳᠠᠷᠬᠠᠨ ᠪᠦᠱᠸ ᠪᠠᠢᠯ᠎ᠠ᠃
— ᠬᠠᠭᠠᠨᠲᠠᠨ ᠲᠠᠨ ᠤ᠋ ᠬᠠᠲᠤᠨ ᠡᠬᠡ ᠶ᠋ᠢᠨ ᠵᠠᠷᠯᠢᠭ ᠢ᠋ᠶ᠋ᠠᠷ ᠤᠷᠠᠯᠠᠭᠰᠠᠨ ᠮᠥᠩᠭᠥᠨ ᠮᠣᠳᠣ ᠡᠳᠦᠭᠡ ᠦᠷ᠎ᠡ ᠵᠢᠮᠢᠰ ᠢ᠋ᠶ᠋ᠡᠨ ᠪᠣᠯᠪᠠᠰᠤᠷᠠᠭᠤᠯᠵᠤ ᠳᠠᠭᠤᠰᠤᠭᠠᠳ ᠥᠷᠭᠡᠨ ᠣᠯᠠᠨ ᠢ᠋ ᠤᠮᠳᠠᠭᠠᠯᠠᠬᠤ ᠳ᠋ᠤ᠌ ᠪᠡᠯᠡᠨ ᠪᠣᠯᠤᠯ᠎ᠠ ᠭᠡᠮᠡᠨ ᠬᠡᠯᠡᠵᠦ ᠭᠠᠷ ᠰᠤᠩᠭᠠᠨ ᠪᠠᠷᠢᠬᠤ ᠳ᠋ᠤ᠌ ᠮᠥᠩᠬᠡ ᠬᠠᠭᠠᠨ ᠠᠯᠲᠠᠨ ᠠᠶᠠᠭ᠎ᠠ ᠲᠠᠢ ᠤᠮᠳᠠᠭ᠎ᠠ ᠶ᠋ᠢ ᠶᠡᠬᠡᠳᠡ ᠲᠠᠭᠠᠯᠠᠮᠵᠢᠲᠠᠢ ᠪᠠᠷ ᠲᠠᠮᠰᠢᠶᠠᠯᠠᠨ ᠬᠦᠷᠲᠡᠭᠡᠳ᠂
— ᠮᠥᠩᠭᠥᠨ ᠮᠣᠳᠣ ᠶ᠋ᠢ ᠣᠷᠢᠶᠠᠭᠰᠠᠨ ᠳᠥᠷᠪᠡᠨ ᠮᠣᠭᠠᠢ ᠶᠠᠮᠠᠷ ᠤᠴᠢᠷ ᠢ᠋ ᠠᠭᠤᠯᠵᠤ ᠪᠠᠢᠭ᠎ᠠ ᠬᠡᠷᠡᠭ ᠪᠣᠢ ᠭᠡᠵᠦ ᠠᠰᠠᠭᠤᠯ᠎ᠠ᠃ ᠪᠦᠱᠸ ᠥᠪᠡᠷ ᠦ᠋ᠨ ᠪᠦᠲᠦᠭᠡᠭᠰᠡᠨ ᠮᠥᠩᠭᠥᠨ ᠮᠣᠳᠣ ᠶ᠋ᠢ ᠪᠠᠬᠠᠳᠤᠯ ᠲᠠᠢ ᠪᠠᠷ ᠬᠠᠷᠠᠵᠤ᠂
— ᠳᠥᠷᠪᠡᠨ ᠰᠢᠷᠬᠡᠭ ᠠᠯᠲᠠᠨ ᠮᠣᠭᠠᠢ ᠪᠣᠯ ᠮᠣᠩᠭᠣᠯ ᠭᠦᠷᠦᠨ ᠳᠥᠷᠪᠡᠨ ᠵᠦᠭ ᠲᠦ᠍ ᠳᠠᠯᠠᠨ ᠥᠷᠭᠡᠵᠢᠬᠦ ᠶ᠋ᠢᠨ ᠪᠡᠯᠭᠡᠳᠡᠯ ᠶᠤᠮ᠃ ᠳᠥᠷᠪᠡᠨ ᠵᠦᠢᠯ ᠦ᠋ᠨ ᠤᠮᠳᠠᠭᠠᠨ ᠨᠢ ᠬᠣᠯᠠ ᠣᠢᠷ᠎ᠠ ᠶ᠋ᠢᠨ ᠤᠯᠤᠰ ᠣᠷᠣᠨ ᠨᠤᠭᠤᠳ ᠤ᠋ᠨ ᠠᠢᠷᠠᠭ ᠳᠠᠷᠠᠰᠤ᠂ ᠪᠠᠯ ᠤ᠋ᠨ ᠤᠮᠳᠠᠭ᠎ᠠ᠂ ᠪᠤᠳᠠᠭᠠᠨ ᠤ᠋ ᠰᠢᠷ᠎ᠠ ᠠᠢᠷᠠᠭ ᠪᠢᠯᠡ᠃ ᠬᠠᠷᠢᠨ ᠡᠨᠡ ᠮᠣᠳᠣ ᠥᠪᠡᠷ ᠢ᠋ᠶ᠋ᠡᠨ ᠶᠢᠷᠲᠢᠨᠴᠦ ᠶ᠋ᠢᠨ ᠲᠥᠪ ᠲᠦ᠍ ᠪᠥᠬᠡ ᠪᠠᠲᠤ᠂ ᠲᠣᠭᠲᠠᠪᠤᠷᠢᠲᠠᠢ ᠣᠷᠣᠰᠢᠬᠤ ᠮᠣᠩᠭᠣᠯ ᠲᠥᠷᠥ ᠶ᠋ᠢ ᠢᠯᠡᠷᠬᠡᠢᠯᠡᠵᠦ ᠪᠣᠢ ᠬᠡᠷᠡᠭ ᠶᠤᠮ ᠭᠡᠵᠦ ᠬᠡᠯᠡᠬᠦ ᠳ᠋ᠦ᠍ ᠬᠠᠭᠠᠨ ᠡᠵᠡᠨ ᠰᠡᠳᠬᠢᠯ ᠬᠠᠩᠭᠠᠯᠤᠭᠤᠨ ᠪᠠᠢᠭ᠎ᠠ ᠪᠣᠯᠤᠯᠲᠠᠢ ᠪᠦᠱᠧ ᠶ᠋ᠢᠨ ᠦᠭᠡ ᠶ᠋ᠢ ᠠᠩᠬᠠᠷᠤᠯᠲᠠᠢ ᠰᠣᠨᠣᠰᠤᠨ᠎ᠠ᠃ ᠮᠥᠩᠬᠡ ᠬᠠᠭᠠᠨ᠄
— ᠲᠡᠷᠡ ᠳᠡᠭᠡᠷ᠎ᠡ ᠪᠠᠢᠭ᠎ᠠ ᠳᠠᠯᠠᠪᠴᠢ ᠲᠠᠢ ᠬᠡᠦᠬᠡᠳ ᠶᠠᠮᠠᠷ ᠤᠴᠢᠷ ᠲᠠᠢ ᠪᠢᠯᠡ ᠭᠡᠮᠡᠨ ᠠᠰᠠᠭᠤᠪᠠ᠃ ᠪᠦᠱᠧ《ᠳᠠᠯᠠᠪᠴᠢ ᠲᠠᠢ ᠬᠡᠦᠬᠡᠳ》 ᠭᠡᠰᠡᠨ ᠦᠭᠡ ᠶ᠋ᠢ ᠰᠣᠨᠣᠰᠤᠭᠠᠳ ᠳᠣᠲᠣᠷ᠎ᠠ ᠪᠠᠨ ᠢᠨᠢᠶᠡᠳᠦ ᠨᠢ ᠬᠦᠷᠴᠦ ᠪᠠᠢᠭᠰᠠᠨ ᠴᠤ᠌ ᠬᠠᠭᠠᠨ ᠤ᠋ ᠬᠢᠯᠢᠩ ᠡᠴᠡ ᠡᠮᠢᠶᠡᠨ ᠳᠣᠭᠣᠭᠰᠢ ᠬᠠᠷᠠᠵᠤ᠂
— ᠪᠢᠳᠡ ᠲᠩᠷᠢ ᠶ᠋ᠢᠨ ᠡᠯᠴᠢ ᠶ᠋ᠢ ᠢᠩᠭᠢᠵᠦ ᠳᠠᠯᠠᠪᠴᠢ ᠲᠠᠢ ᠬᠡᠦᠬᠡᠳ ᠦ᠋ᠨ ᠳᠦᠷᠰᠦ ᠪᠡᠷ ᠪᠡᠯᠭᠡᠳᠡᠨ ᠢᠯᠡᠷᠬᠡᠢᠯᠡᠳᠡᠭ ᠶᠤᠮ ᠭᠡᠵᠦ ᠬᠠᠷᠢᠭᠤᠯᠪᠠ᠃ ᠮᠥᠩᠬᠡ ᠬᠠᠭᠠᠨ ᠭᠦᠳ ᠭᠦᠳ ᠢᠨᠢᠶᠡᠭᠡᠳ᠂
— ᠮᠥᠨ ᠮᠥᠨ᠃ ᠪᠢᠳᠡ ᠴᠦ᠍ ᠮᠥᠨ ᠮᠥᠩᠬᠡ ᠲᠩᠷᠢ ᠶ᠋ᠢᠨ ᠰᠢᠲᠦᠯᠭᠡ ᠲᠡᠢ᠃ ᠭᠡᠪᠡᠴᠦ ᠲᠩᠷᠢ ᠶ᠋ᠢᠨ ᠡᠯᠴᠢ ᠶ᠋ᠢ ᠤᠷᠢᠳ ᠡᠮᠦᠨ᠎ᠡ ᠡᠢᠮᠦ ᠪᠡᠷ ᠲᠥᠰᠦᠭᠡᠯᠡᠵᠦ ᠪᠠᠢᠭᠰᠠᠨ ᠤᠳᠠᠭ᠎ᠠ ᠦᠭᠡᠢ ᠴᠦ᠍ ᠬᠡᠦᠬᠡᠳ ᠦ᠋ᠨ ᠳᠦᠷᠰᠦ ᠰᠡᠳᠬᠢᠯ ᠳ᠋ᠦ᠍ ᠳᠣᠲᠣᠨᠣ ᠰᠠᠢᠬᠠᠨ ᠰᠠᠨᠠᠭᠳᠠᠵᠤ ᠪᠠᠢᠨ᠎ᠠ᠃ ᠲᠡᠷᠡ ᠥᠪᠡᠷ ᠦ᠋ᠨ ᠪᠢᠴᠢᠬᠠᠨ ᠳᠠᠯᠠᠪᠴᠢ ᠪᠠᠷ ᠨᠢᠰᠦᠨ᠂ ᠪᠢᠳᠡᠨ ᠢ᠋ ᠵᠣᠷᠢᠨ ᠢᠷᠡᠭᠰᠡᠨ ᠬᠡᠷᠡᠭ ᠪᠢᠵᠡ᠃ ᠭᠬᠢᠷ ᠦᠭᠡᠢ ᠲᠤᠩᠭᠠᠯᠠᠭ ᠬᠡᠦᠬᠡᠳ ᠦ᠋ᠨ ᠰᠡᠳᠬᠢᠯ ᠲᠡᠢ ᠮᠥᠩᠬᠡ ᠲᠩᠷᠢ ᠶ᠋ᠢᠨ ᠡᠯᠴᠢ ᠪᠠᠢᠬᠤ ᠨᠢ ᠭᠡᠬᠦ ᠳ᠋ᠦ᠍ ᠪᠦᠱᠧ ᠰᠠᠶᠢ ᠰᠠᠨᠠᠭ᠎ᠠ ᠨᠢ ᠠᠮᠠᠷᠠᠪᠠ᠃ ᠮᠥᠩᠬᠡ ᠬᠠᠭᠠᠨ ᠦᠷᠭᠦᠯᠵᠢᠯᠡᠭᠦᠯᠦᠨ᠂
— ᠡᠳᠦᠭᠡ ᠶᠢᠷᠲᠢᠨᠴᠦ ᠶ᠋ᠢᠨ ᠲᠥᠪ ᠲᠦ᠍ ᠪᠠᠲᠤ ᠰᠠᠢᠨ ᠣᠷᠣᠰᠢᠭᠰᠠᠨ ᠡᠨᠡ ᠮᠥᠩᠭᠥᠨ ᠮᠣᠳᠣᠨ ᠤ᠋ ᠠᠳᠠᠯᠢ ᠡᠵᠡᠨᠲᠦ ᠭᠦᠷᠦᠨ ᠮᠢᠨᠢ ᠮᠥᠩᠬᠡ ᠨᠠᠰᠤᠯᠠᠵᠤ᠂ ᠬᠠᠭᠠᠨ ᠡᠵᠡᠨ ᠪᠢ ᠮᠥᠩᠭᠥᠨ ᠮᠣᠳᠣᠨ ᠤ᠋ ᠰᠠᠯᠠᠭ᠎ᠠ ᠮᠥᠴᠢᠷ ᠯᠦ᠍ᠭᠡ ᠠᠳᠠᠯᠢ ᠶᠢᠷᠲᠢᠨᠴᠦ ᠶ᠋ᠢᠨ ᠵᠦᠭ ᠪᠦᠷᠢ ᠳ᠋ᠦ᠍ ᠠᠮᠤᠷ ᠲᠠᠢᠪᠤᠩ ᠢ᠋ ᠲᠣᠭᠲᠠᠭᠠᠬᠤ ᠶ᠋ᠢ ᠬᠦᠰᠡᠨ᠎ᠡ ᠬᠡᠮᠡᠯ᠎ᠡ᠃
ᠬᠠᠭᠠᠨ ᠡᠵᠡᠨ ᠦ᠌ ᠦᠭᠡ ᠶ᠋ᠢ ᠰᠣᠨᠣᠰᠤᠨ ᠵᠣᠭᠰᠣᠬᠤ ᠰᠤᠷᠬᠠᠭᠳᠠᠨᠢ ᠬᠠᠲᠤᠨ᠄
— ᠮᠣᠳᠣ ᠪᠣᠯ ᠲᠠᠯ᠎ᠠ ᠨᠤᠲᠤᠭ ᠲᠤ᠌ ᠶᠡᠬᠡ ᠤᠴᠢᠷ ᠤᠳᠬ᠎ᠠ ᠶ᠋ᠢ ᠠᠬᠤᠭᠤᠯᠤᠨᠠ᠃ ᠲᠡᠷᠡ ᠴᠠᠭ ᠲᠤ᠌ ᠶᠡᠬᠡ ᠡᠵᠡᠨ ᠴᠢᠩᠭᠢᠰ ᠬᠠᠭᠠᠨ ᠵᠠᠮᠤᠬ᠎ᠠ ᠨᠠᠷ ᠬᠣᠩᠬᠣᠨᠠᠭ ᠤ᠋ᠨ ᠲᠠᠯ᠎ᠠ ᠳ᠋ᠤ᠌ ᠨᠢᠭᠡᠨ ᠮᠣᠳᠣᠨ ᠤ᠋ ᠳᠣᠣᠷ᠎ᠠ ᠠᠨᠳᠠᠭᠠᠢ ᠡᠷᠭᠦᠵᠦ ᠪᠠᠢᠭᠰᠠᠨ ᠲᠡᠦᠬᠡ ᠲᠡᠢ᠃ ᠬᠠᠭᠠᠨᠲᠠᠨ ᠤ᠋ ᠡᠨᠡ ᠦᠭᠡ ᠨᠢᠭᠡᠨ ᠴᠠᠭ ᠤ᠋ᠨ ᠬᠠᠭᠠᠨ ᠡᠪᠦᠭᠡ ᠶ᠋ᠢᠨ ᠠᠳᠠᠯᠢ ᠠᠨᠳᠠᠭᠠᠢ ᠪᠠᠢᠵᠤ᠂ ᠶᠢᠷᠲᠢᠨᠴᠦ ᠶ᠋ᠢᠨ ᠳᠥᠷᠪᠡᠨ ᠵᠦᠭ ᠲᠦ᠍ ᠪᠦᠬᠦᠨ ᠢ᠋ ᠨᠢᠭᠡᠳᠬᠡᠬᠦ ᠶ᠋ᠢᠨ ᠡᠬᠢᠯᠡᠯ ᠪᠣᠯᠬᠤ ᠪᠢᠵᠡ ᠭᠡᠮᠡᠨ ᠬᠠᠲᠤᠨ ᠡᠬᠡ ᠨᠢ ᠰᠡᠳᠬᠢᠨ ᠪᠠᠢᠨ᠎ᠠ ᠭᠡᠵᠦ ᠬᠡᠯᠡᠯ᠎ᠡ᠃
ᠮᠥᠩᠬᠡ ᠬᠠᠭᠠᠨ ᠪᠥᠱᠸ ᠡᠴᠡ ᠪᠠᠰᠠ ᠨᠢᠭᠡ ᠵᠦᠢᠯ ᠢ᠋ ᠠᠰᠠᠭᠤᠬᠤ ᠪᠠᠨ ᠮᠠᠷᠲᠠᠭᠰᠠᠨ ᠦᠭᠡᠢ᠂
— ᠡᠨᠡ ᠮᠣᠳᠣ ᠶ᠋ᠢ ᠣᠷᠢᠶᠠᠭᠰᠠᠨ ᠳᠥᠷᠪᠡᠨ ᠮᠣᠭᠠᠢ ᠶ᠋ᠢᠨ ᠠᠮᠠᠨ ᠠ᠋ᠴᠠ ᠤᠨᠳᠤᠷᠤᠨ ᠪᠠᠢᠬᠤ ᠤᠮᠳᠠᠭ᠎ᠠ ᠬᠡᠷᠬᠢᠨ ᠭᠠᠳᠠᠭᠰᠢ ᠭᠠᠷᠴᠤ ᠪᠠᠢᠨ᠎ᠠ ᠪᠣᠢ ᠭᠡᠵᠦ ᠰᠣᠨᠢᠭᠤᠴᠢᠷᠬᠠᠨ ᠠᠰᠠᠭᠤᠪᠠ᠃
— ᠡᠨᠡ ᠮᠣᠳᠣᠨ ᠤ᠋ ᠬᠥᠨᠳᠡᠢ ᠳᠣᠲᠣᠷ᠎ᠠ ᠣᠯᠠᠨ ᠠᠷᠠᠭ᠎ᠠ ᠰᠢᠳᠦ ᠲᠡᠢ ᠣᠨᠢᠰᠣ ᠠᠵᠢᠯᠯᠠᠵᠤ᠂ ᠵᠠᠷᠤᠴᠠ ᠨᠠᠷ ᠤ᠋ᠨ ᠬᠢᠭᠰᠡᠨ ᠤᠮᠳᠠᠭ᠎ᠠ ᠶ᠋ᠢ ᠳᠡᠭᠡᠭᠰᠢ ᠡᠷᠭᠦᠨ ᠮᠣᠭᠠᠢ ᠶ᠋ᠢᠨ ᠠᠮᠠ ᠪᠠᠷ ᠭᠠᠷᠭᠠᠵᠤ ᠪᠠᠢᠭ᠎ᠠ ᠬᠡᠷᠡᠭ ᠶᠤᠮ ᠭᠡᠵᠦ ᠪᠦᠱᠸ ᠬᠠᠷᠢᠭᠤᠯᠪᠠ᠃ ᠮᠥᠩᠭᠥᠨ ᠮᠣᠳᠣ ᠮᠥᠩᠬᠡ ᠬᠠᠭᠠᠨ ᠤ᠋ ᠰᠡᠳᠬᠢᠯ ᠳ᠋ᠦ᠍ ᠨᠡᠢᠴᠡᠭᠰᠡᠨ ᠪᠣᠯᠤᠯᠲᠠᠢ᠂ ᠴᠢᠷᠠᠢ ᠳ᠋ᠤᠨᠢ ᠢᠨᠢᠶᠡᠮᠰᠦᠭᠯᠡᠯ ᠲᠣᠳᠣᠷᠠᠨ ᠪᠠᠢᠪᠠ᠃ ᠲᠡᠷᠡ ᠪᠡᠷ ᠬᠠᠲᠤᠨ ᠡᠬᠡ ᠳ᠋ᠡᠭᠡᠨ ᠬᠠᠨᠳᠤᠨ᠂
— ᠡᠵᠢ ᠮᠢᠨᠢ ᠲᠠ ᠲᠠᠯ᠎ᠠ ᠨᠤᠲᠤᠭ ᠲᠤ᠌ ᠭᠠᠢᠬᠠᠮᠰᠢᠭ ᠢ᠋ ᠪᠦᠲᠦᠭᠡᠯᠭᠡᠵᠡᠢ᠃ ᠲᠦᠮᠡᠨ ᠠᠮᠤᠭᠤᠯᠠᠩᠲᠤ ᠤᠷᠲᠤ ᠥᠨᠥ ᠪᠦᠷ ᠴᠦ᠍ ᠪᠠᠬᠠᠳᠤᠮ᠎ᠠ ᠰᠠᠢᠬᠠᠨ ᠬᠠᠷᠠᠭᠳᠠᠵᠤ ᠪᠠᠢᠨ᠎ᠠ᠃ ᠲᠩᠷᠢ ᠳ᠋ᠦ᠍ ᠮᠠᠨᠳᠤᠬᠤ ᠠᠯᠲᠠᠨ ᠨᠠᠷᠠ ᠶ᠋ᠢ ᠪᠦᠭᠦᠳᠡ ᠬᠠᠷᠠᠳᠠᠭ ᠰᠢᠭ᠋᠂ ᠰᠠᠢᠬᠠᠨ ᠵᠦᠢᠯ ᠢ᠋ ᠵᠥᠪᠬᠡᠨ ᠶᠡᠬᠡᠰ ᠳᠡᠭᠡᠳᠦᠰ ᠦᠵᠡᠵᠦ ᠬᠠᠷᠠᠳᠠᠭ ᠶᠣᠰᠣ ᠦᠭᠡᠢ ᠶ᠋ᠢᠨ ᠲᠤᠯᠠ ᠡᠩ ᠦ᠋ᠨ ᠠᠷᠠᠳ ᠢ᠋ ᠴᠦ᠍ ᠢᠯᠭᠠᠯ ᠦᠭᠡᠢ ᠶᠣᠰᠣ ᠵᠢᠷᠤᠮ ᠤ᠋ᠨ ᠳᠠᠭᠠᠤ ᠬᠠᠭᠠᠨ ᠤ᠋ ᠣᠷᠳᠣᠨ ᠳ᠋ᠤ᠌ ᠣᠷᠣᠭᠤᠯᠤᠨ᠂ ᠲᠦᠮᠡᠨ ᠠᠮᠤᠭᠤᠯᠠᠩᠲᠤ ᠣᠷᠳᠣᠨ ᠬᠢᠭᠡᠳ ᠮᠥᠩᠭᠥᠨ ᠮᠣᠳᠣ ᠶ᠋ᠢ ᠨᠢᠳᠦ ᠪᠡᠷ ᠦᠵᠡᠭᠦᠯᠵᠦ᠂ ᠡᠵᠡᠨᠲᠦ ᠭᠦᠷᠦᠨ ᠢ᠋ᠶ᠋ᠡᠷ ᠢ᠋ᠶ᠋ᠡᠨ ᠪᠠᠬᠠᠷᠬᠠᠬᠤ ᠰᠡᠳᠬᠢᠯ ᠢ᠋ ᠭᠥᠷᠦᠭᠦᠯᠵᠦ ᠪᠠᠢᠬᠤ ᠶ᠋ᠢ ᠡᠵᠢ ᠲᠠ ᠵᠠᠷᠯᠢᠭᠳᠠᠨ᠎ᠠ ᠪᠢᠵᠡ ᠭᠡᠮᠡᠨ ᠬᠡᠯᠡᠪᠡ᠃
ᠡᠨᠡ ᠴᠠᠭ ᠠ᠋ᠴᠠ ᠲᠠᠯ᠎ᠠ ᠨᠤᠲᠤᠭ ᠤ᠋ᠨ ᠳᠣᠮᠣᠭ ᠪᠣᠯᠤᠭᠰᠠᠨ ᠲᠦᠮᠡᠨ ᠠᠮᠤᠭᠤᠯᠠᠩᠲᠤ ᠤᠷᠲᠤ᠂ ᠭᠠᠢᠬᠠᠮᠰᠢᠭᠲᠤ ᠮᠥᠩᠭᠥᠨ ᠮᠣᠳᠣ ᠵᠦᠭ ᠵᠦᠭ ᠦ᠋ᠨ ᠬᠥᠮᠦᠰ ᠦ᠋ᠨ ᠡᠮᠦᠨ᠎ᠡ ᠳᠡᠯᠭᠡᠭᠳᠡᠵᠦ᠂ ᠴᠢᠬᠢ ᠪᠡᠷ ᠰᠣᠨᠣᠰᠤᠭᠰᠠᠨ ᠢ᠋ᠶ᠋ᠠᠨ ᠴᠤᠤ ᠪᠣᠯᠭᠠᠨ ᠨᠡᠮᠡᠵᠦ ᠬᠠᠴᠢᠷᠬᠠᠨ ᠶᠠᠷᠢᠬᠤ ᠪᠤᠰᠤ᠂ ᠨᠢᠳᠦ ᠪᠡᠷ ᠦᠵᠡᠭᠰᠡᠨ ᠢ᠋ᠶ᠋ᠡᠨ ᠦᠭᠡ ᠪᠣᠯᠭᠠᠨ ᠨᠢᠭᠡ ᠨᠢᠭᠡᠨ ᠳ᠋ᠡᠭᠡᠨ ᠬᠠᠭᠤᠴᠢᠯᠠᠬᠤ ᠰᠠᠢᠬᠠᠨ ᠶᠠᠷᠢᠶᠠᠨ ᠤ᠋ ᠰᠡᠳᠦᠪ ᠪᠣᠯᠪᠠ᠃
ᠡᠩ ᠦ᠋ᠨ ᠠᠷᠠᠳ ᠤ᠋ᠨ ᠳᠤᠮᠳᠠ ᠨᠢᠭᠡᠨ ᠪᠠᠶᠠᠷᠲᠤ ᠮᠡᠳᠡᠭᠡ ᠳᠠᠷᠬᠠᠨ ᠢᠷᠡᠪᠡ᠃
— ᠮᠥᠩᠬᠡ ᠬᠠᠭᠠᠨ ᠡᠵᠡᠨ ᠥᠷᠥᠰᠢᠶᠡᠯᠲᠦ ᠵᠠᠰᠠᠭ ᠢ᠋ ᠶᠠᠪᠤᠭᠤᠯᠵᠤ᠂ ᠲᠥᠷᠥ ᠳ᠋ᠦ᠍ ᠲᠡᠷᠰᠯᠡᠭᠰᠡᠨ ᠡᠴᠡ ᠪᠤᠰᠤᠳ ᠢ᠋ᠶ᠋ᠠᠷ ᠬᠡᠷᠡᠭ ᠦᠢᠯᠡᠳᠦᠭᠰᠡᠨ ᠪᠦᠬᠦ ᠶᠠᠯᠠᠲᠠᠨ ᠨᠤᠭᠤᠳ ᠢ᠋ ᠰᠤᠯᠠᠯᠠᠨ ᠶᠠᠪᠤᠭᠤᠯᠬᠤ ᠵᠠᠷᠯᠢᠭ ᠭᠠᠷᠭᠠᠵᠠᠢ᠃ ᠡᠨᠡ ᠥᠷᠥᠰᠢᠶᠡᠯ ᠦ᠋ᠨ ᠵᠠᠷᠯᠢᠭ ᠲᠤ᠌ ᠶᠡᠬᠡᠩᠬᠢ ᠳ᠋ᠡᠭᠡᠨ ᠡᠩ ᠦ᠋ᠨ ᠠᠷᠠᠳ ᠤ᠋ᠳ ᠪᠠᠭᠲᠠᠵᠠᠢ᠃ ᠠᠯᠪᠠ ᠲᠠᠲᠠᠪᠤᠷᠢ ᠭᠣᠪᠴᠢᠭᠤᠯᠤᠭᠰᠠᠨ᠂ ᠬᠢᠯᠢᠰ ᠢ᠋ᠶ᠋ᠡᠷ ᠭᠦᠳᠬᠡᠭᠳᠡᠭᠰᠡᠨ᠂ ᠳᠡᠭᠡᠷᠡᠮ ᠲᠠᠩᠬᠠᠢ ᠦᠢᠯᠡᠳᠦᠭᠰᠡᠨ ᠭᠡᠬᠦ ᠮᠡᠲᠦ᠂ ᠭᠡᠮ ᠲᠡᠢ ᠭᠡᠮ ᠦᠭᠡᠢ ᠣᠯᠠᠨ ᠬᠥᠮᠦᠨ ᠰᠤᠯᠠᠯᠠᠭᠳᠠᠨ ᠭᠡᠷ ᠭᠡᠷ ᠦ᠋ᠨ ᠵᠦᠭ ᠶᠠᠪᠤᠯ᠎ᠠ ᠭᠡᠬᠦ ᠨᠢ ᠰᠣᠨᠣᠰᠤᠭᠳᠠᠪᠠ᠃
— ᠠᠯᠠᠯᠭ᠎ᠠ ᠴᠥᠯᠡᠯᠭᠡ ᠶᠡᠬᠡᠰᠴᠦ᠂ ᠠᠷᠠᠳ ᠤ᠋ᠨ ᠰᠡᠳᠬᠢᠯ ᠰᠠᠨᠠᠭ᠎ᠠ ᠤᠢᠮᠤᠷᠠᠵᠤ ᠰᠠᠨᠳᠤᠷᠤᠭᠰᠠᠨ ᠬᠦᠨᠳᠦ ᠦᠶ᠎ᠡ ᠢᠷᠡᠯ᠎ᠡ ᠳᠠ ᠭᠡᠵᠦ ᠰᠠᠨᠠᠭᠰᠠᠨ᠃ ᠡᠢᠮᠦ ᠰᠠᠢᠬᠠᠨ ᠮᠡᠳᠡᠭᠡ ᠲᠤᠭᠤᠯᠤᠨ᠎ᠠ ᠭᠡᠳᠡᠭ ᠶᠠᠭᠤ ᠰᠠᠨ ᠪᠢᠯᠡ᠃ ᠰᠠᠢᠬᠠᠨ ᠴᠠᠭ ᠢᠷᠡᠵᠦ ᠪᠠᠢᠭ᠎ᠠ ᠬᠡᠷᠡᠭ ᠪᠢᠰᠢ ᠤᠤ᠂ ᠬᠠᠭᠠᠨ ᠡᠵᠡᠨ ᠡᠩᠨᠡᠰᠢ ᠦᠭᠡᠢ ᠤᠬᠠᠭᠠᠨ ᠲᠠᠢ ᠬᠥᠮᠦᠨ ᠶᠤᠮ ᠭᠡᠭᠡᠴᠢ᠁
— ᠴᠣᠬᠣᠮ ᠠ᠋᠃ ᠶᠡᠬᠡᠰ ᠳᠡᠭᠡᠳᠦᠰ ᠲᠦ᠍ ᠠᠢᠳᠠᠰ ᠲᠠᠢ᠂ ᠡᠩ ᠦ᠋ᠨ ᠠᠷᠠᠳ ᠲᠤ᠌ ᠡᠯᠪᠡᠷᠢᠯ ᠲᠡᠢ ᠡᠵᠡᠨ ᠬᠠᠭᠠᠨ ᠪᠢᠳᠡᠨ ᠦ᠌ ᠳᠡᠭᠡᠷ᠎ᠡ ᠵᠠᠯᠠᠷᠠᠵᠠᠢ᠃ ᠬᠠᠷᠢᠨ ᠥᠨᠥ ᠶ᠋ᠢ ᠬᠦᠷᠲᠡᠯ᠎ᠡ ᠪᠣᠰᠤᠯᠭ᠎ᠠ ᠲᠡᠮᠡᠴᠡᠯ ᠳ᠋ᠦ᠍ ᠣᠷᠣᠯᠴᠠᠭᠰᠠᠨ ᠠᠯᠲᠠᠨ ᠤᠷᠤᠭ ᠤ᠋ᠨ ᠬᠢᠨ ᠪᠣᠯᠤᠨ ᠨᠣᠶᠠᠳ ᠲᠦᠰᠢᠮᠡᠳ ᠢ᠋ ᠡᠷᠡᠭᠦᠳᠡᠨ ᠰᠢᠭᠦᠵᠦ ᠪᠠᠢᠭ᠎ᠠ ᠭᠡᠳᠡᠭ ᠰᠢᠦ᠁
— ᠬᠠᠭᠠᠨ ᠡᠵᠡᠨ ᠲᠥᠷᠥ ᠳ᠋ᠦ᠍ ᠲᠡᠷᠰᠯᠡᠭᠰᠡᠨ ᠶᠠᠯᠠᠲᠠᠨ ᠠ᠋ᠴᠠ ᠪᠤᠰᠤᠳ ᠢ᠋ ᠰᠤᠯᠠᠯᠠᠭᠰᠠᠨ ᠶᠤᠮ ᠬᠣᠢᠨ᠎ᠠ᠂ ᠲᠡᠳᠡ ᠥᠨᠥ ᠲᠥᠷᠥ ᠶ᠋ᠢᠨ ᠡᠮᠦᠨ᠎ᠡ ᠭᠡᠮ ᠬᠢᠭᠰᠡᠨ ᠲᠤᠯᠠ ᠢᠩᠭᠢᠵᠦ ᠪᠠᠢᠭ᠎ᠠ ᠬᠡᠷᠡᠭ᠁
— ᠠᠢ ᠬᠥᠭᠡᠷᠦᠬᠦᠢ᠃ ᠶᠠᠭᠤᠮ᠎ᠠ ᠭᠡᠵᠦ ᠰᠣᠨᠢᠨ ᠶᠤᠮ ᠳᠠ᠂ ᠱᠣᠷᠣᠩ ᠭᠢᠨᠳᠠᠨ ᠢ᠋ ᠪᠦᠦ ᠬᠡᠯᠡ᠂ ᠱᠣᠷᠪᠣᠭ ᠬᠣᠭᠣᠯᠠ ᠶ᠋ᠢ ᠲᠠᠭᠠᠯᠠᠵᠤ ᠦᠵᠡᠭᠡ ᠦᠭᠡᠢ ᠶᠡᠬᠡᠰ ᠳᠡᠭᠡᠳᠦᠰ ᠲᠡᠨᠳᠡ ᠮᠥᠨ ᠴᠦ᠍ ᠲᠠᠷᠴᠢᠯᠠᠵᠤ ᠪᠠᠢᠭ᠎ᠠ ᠪᠠᠢᠬᠤ ᠳᠠ᠁
— ᠴᠥᠭ ᠭᠡᠮ᠂ ᠠᠮᠠᠨ ᠤ᠋ ᠪᠠᠨ ᠵᠣᠷᠢᠭ ᠢ᠋ᠶ᠋ᠠᠷ ᠴᠠᠯᠴᠢᠵᠤ ᠪᠠᠢᠵᠤ ᠲᠩᠷᠢ ᠶ᠋ᠢᠨ ᠭᠡᠰᠬᠡᠯ ᠬᠦᠷᠲᠡᠪᠡ᠂ ᠶᠡᠬᠡᠰ ᠳᠡᠭᠡᠳᠦᠰ ᠭᠡᠳᠡᠭ ᠲᠩᠷᠢ ᠳ᠋ᠦ᠍ ᠲᠡᠳᠬᠦᠭᠳᠡᠭᠰᠡᠨ ᠬᠥᠮᠦᠰ ᠪᠠᠢᠳᠠᠭ᠃ ᠲᠩᠷᠢ ᠶ᠋ᠢᠨ ᠶᠠᠪᠤᠳᠠᠯ ᠢ᠋ ᠭᠠᠵᠠᠷ ᠤ᠋ᠨ ᠪᠢᠳᠡ ᠬᠡᠷᠬᠢᠨ ᠰᠢᠢᠳᠦᠨ᠎ᠡ ᠭᠡᠮᠡᠨ ᠠᠷᠠᠳ ᠣᠯᠠᠨ ᠥᠪᠡᠷ ᠵᠠᠭᠤᠷ᠎ᠠ ᠪᠠᠨ ᠶᠠᠷᠢᠯᠴᠠᠨ᠎ᠠ᠃
ᠮᠥᠩᠬᠡ ᠬᠠᠭᠠᠨ ᠡᠵᠡᠨ ᠮᠥᠩᠬᠡᠰᠠᠷᠠ ᠨᠣᠶᠠᠨ ᠤ᠋ ᠬᠠᠮᠲᠤ ᠤᠷᠲᠤ ᠦᠷᠭᠦᠭᠡᠨ᠎ᠡ ᠵᠠᠯᠠᠷᠠᠨ ᠪᠠᠢᠪᠠ᠃ ᠮᠥᠩᠬᠡ ᠬᠠᠭᠠᠨ ᠮᠥᠩᠬᠡᠰᠠᠷᠠ ᠨᠣᠶᠠᠨᠲᠠᠨ ᠳ᠋ᠤ᠌ ᠬᠠᠨᠳᠤᠨ
—ᠥᠷᠲᠡᠭᠡ ᠤᠯᠠᠭ᠎ᠠ ᠶ᠋ᠢ ᠰᠢᠨᠡᠴᠢᠯᠡᠭᠰᠡᠨ ᠨᠢ ᠰᠠᠢᠨ ᠬᠡᠷᠡᠭ᠂ ᠥᠭᠡᠳᠡᠢ ᠬᠠᠭᠠᠨ ᠲᠡᠷᠡ ᠴᠠᠭ ᠲᠤ᠌ ᠥᠷᠲᠡᠭᠡ ᠶ᠋ᠢ ᠳᠣᠪᠲᠣᠯᠭᠠᠵᠤ ᠡᠬᠢᠯᠡᠬᠦ ᠳ᠋ᠡᠭᠡᠨ ᠦᠨᠡᠨ ᠮᠥᠨ ᠦ᠌ ᠵᠠᠮ ᠦᠷᠭᠦᠯᠵᠢ ᠵᠤᠷᠠᠢᠨ ᠪᠠᠢᠬᠤ ᠪᠠᠷ ᠰᠡᠳᠬᠢᠭᠰᠡᠨ ᠪᠢᠵᠡ᠃ ᠭᠡᠪᠡᠴᠦ ᠥᠨᠥ ᠦᠨᠡᠨ ᠦ᠌ ᠵᠠᠮ ᠬᠠᠵᠠᠢᠵᠤ᠂ ᠥᠪᠡᠷ ᠦ᠋ᠨ ᠴᠢᠭ ᠢ᠋ᠶ᠋ᠡᠨ ᠠᠯᠳᠠᠭᠰᠠᠨ ᠲᠤᠯᠠ ᠰᠢᠨᠡᠴᠢᠯᠡᠬᠦ ᠡᠴᠡ ᠥᠭᠡᠷ᠎ᠡ ᠴᠦ᠍ ᠦᠭᠡᠢ ᠪᠣᠯᠤᠭᠰᠠᠨ ᠬᠡᠷᠡᠭ ᠬᠡᠮᠡᠬᠦ ᠳ᠋ᠦ᠍᠂ ᠮᠥᠩᠬᠡᠰᠡᠷᠠ ᠨᠣᠶᠠᠨ᠄
— ᠬᠠᠭᠠᠨ ᠡᠵᠡᠨ ᠦ᠌ ᠵᠠᠷᠯᠢᠭ ᠢ᠋ᠶ᠋ᠠᠷ ᠬᠠᠭᠠᠨᠲᠤ ᠲᠥᠷᠥ ᠶ᠋ᠢᠨ ᠢᠲᠡᠭᠡᠮᠵᠢᠯᠡᠭᠳᠡᠭᠰᠡᠨ ᠬᠥᠮᠦᠰ ᠢ᠋ ᠰᠢᠨ᠎ᠡ ᠪᠡᠷ ᠲᠣᠬᠣᠭᠠᠨ ᠲᠣᠮᠢᠯᠠᠭᠰᠠᠨ ᠲᠤᠯᠠ ᠥᠨᠥ ᠦᠨᠡᠨ ᠬᠡᠯᠡ ᠵᠠᠮ ᠳᠠᠭᠠᠨ ᠲᠠᠰᠤᠷᠠᠬᠤ ᠦᠭᠡᠢ᠂ ᠦᠳᠲᠦᠷ ᠲᠦᠷᠭᠡᠨ ᠣᠴᠢᠬᠤ ᠭᠠᠵᠠᠷ ᠢ᠋ᠶ᠋ᠠᠨ ᠬᠦᠷᠦᠨ᠎ᠡ ᠪᠢᠵᠡ ᠬᠡᠮᠡᠪᠡ᠃ ᠦᠷᠭᠦᠭᠡᠨ ᠦ᠌ ᠭᠠᠳᠠᠨ᠎ᠠ ᠬᠡᠪᠲᠡᠭᠦᠯ ᠦ᠋ᠨ ᠳᠠᠭᠤ ᠭᠠᠷᠤᠯ᠎ᠠ᠃
— ᠬᠠᠲᠤᠨ ᠡᠬᠡ ᠵᠠᠯᠠᠷᠠᠨ ᠢᠷᠡᠯ᠎ᠡ ᠬᠡᠮᠡᠬᠦᠢ ᠳ᠋ᠦ᠍ ᠦᠷᠭᠦᠭᠡᠨ ᠦ᠌ ᠡᠭᠦᠳᠡ ᠪᠡᠷ ᠰᠤᠷᠬᠠᠭᠳᠠᠨᠢ ᠬᠠᠲᠤᠨ ᠬᠣᠶᠠᠷ ᠳᠠᠭᠠᠯᠳᠤᠭᠴᠢ ᠶ᠋ᠢᠨ ᠬᠠᠮᠲᠤ ᠣᠷᠣᠵᠤ ᠢᠷᠡᠭᠡᠳ ᠬᠠᠭᠠᠨ ᠡᠵᠡᠨ ᠦ᠌ ᠣᠢᠷᠠᠯᠴᠠᠭ᠎ᠠ ᠥᠪᠡᠷ ᠦ᠋ᠨ ᠰᠡᠨᠳᠡᠢ ᠳ᠋ᠡᠭᠡᠨ ᠵᠠᠯᠠᠷᠠᠭᠰᠠᠨ ᠤ᠋ ᠳᠠᠷᠠᠭ᠎ᠠ ᠡᠭᠦᠳᠡᠨ ᠳ᠋ᠦ᠍ ᠵᠣᠭᠰᠣᠬᠤ ᠳᠠᠭᠠᠭᠤᠯ ᠤ᠋ᠳ ᠢ᠋ᠶ᠋ᠠᠨ ᠭᠠᠷᠴᠤ ᠪᠣᠯᠬᠤ ᠶ᠋ᠢ ᠳᠣᠬᠢᠨ ᠶᠠᠪᠤᠭᠤᠯᠤᠭᠠᠳ᠂ ᠮᠥᠩᠬᠡᠰᠠᠷᠠ ᠨᠣᠶᠠᠨᠲᠠᠨ ᠳ᠋ᠤ᠌ ᠬᠠᠨᠳᠤᠨ᠄
— ᠮᠥᠩᠬᠡᠰᠠᠷᠠ ᠨᠣᠶᠠᠨᠲᠠᠨ ᠲᠦᠷ ᠭᠠᠳᠠᠭᠠᠯᠠᠵᠤ ᠪᠠᠢᠨ᠎ᠠ ᠤᠤ ᠬᠡᠮᠡᠯ᠎ᠡ᠃
ᠬᠠᠲᠤᠨ ᠤ᠋ ᠵᠠᠷᠯᠢᠭ ᠲᠤᠯᠠ ᠮᠥᠩᠬᠡᠰᠠᠷᠠ ᠨᠣᠶᠠᠨᠲᠠᠨ᠂ ᠳᠠᠭᠠᠭᠤᠯ ᠤ᠋ᠳ ᠤ᠋ᠨ ᠬᠠᠮᠲᠤ ᠭᠠᠷᠴᠤ ᠶᠠᠪᠤᠯ᠎ᠠ᠃ ᠦᠷᠭᠦᠭᠡᠨ ᠳ᠋ᠦ᠍ ᠮᠥᠩᠬᠡ ᠬᠠᠭᠠᠨ ᠰᠤᠷᠬᠠᠭᠳᠠᠨᠢ ᠬᠠᠲᠤᠨ ᠬᠣᠶᠠᠷ ᠦᠯᠡᠳᠡᠪᠡ᠃ ᠰᠤᠷᠬᠠᠭᠳᠠᠨᠢ ᠬᠠᠲᠤᠨ᠄
— ᠬᠠᠭᠠᠨ ᠡᠵᠡᠨᠲᠡᠨ ᠳ᠋ᠦ᠍ ᠠᠢᠯᠠᠳᠬᠠᠬᠤ ᠵᠦᠢᠯ ᠪᠠᠢᠨ᠎ᠠ ᠬᠡᠮᠡᠪᠡ᠃ ᠬᠠᠲᠤᠨ ᠡᠬᠡ ᠶ᠋ᠢᠨ ᠬᠢᠨᠢ ᠰᠡᠳᠬᠢᠯ ᠰᠠᠨᠠᠭ᠎ᠠ ᠲᠠᠪᠠ ᠦᠭᠡᠢ ᠪᠠᠢᠭ᠎ᠠ ᠪᠣᠯᠤᠯᠲᠠᠢ᠂ ᠲᠥᠷᠥ ᠤᠯᠤᠰ ᠤ᠋ᠨ ᠬᠡᠷᠡᠭ ᠣᠳᠣ ᠯᠠ ᠨᠢᠭᠡ ᠴᠡᠭᠴᠡᠷᠡᠵᠦ᠂ ᠲᠦᠮᠡᠨ ᠣᠯᠠᠨ ᠤ᠋ ᠰᠡᠳᠬᠢᠯ ᠠᠮᠤᠷᠯᠢᠵᠤ ᠪᠠᠢᠬᠤ ᠳ᠋ᠤ᠌ ᠬᠠᠲᠤᠨ ᠡᠬᠡ ᠶ᠋ᠢᠨ ᠰᠡᠳᠬᠢᠯ ᠲᠠᠢᠪᠤᠰᠢᠷᠠᠯ ᠢ᠋ ᠣᠯᠤᠭ᠎ᠠ ᠦᠭᠡᠢ ᠪᠠᠢᠭ᠎ᠠ ᠨᠢ ᠬᠠᠴᠢᠷᠬᠠᠯ ᠲᠠᠢ ᠰᠠᠨᠠᠭᠳᠠᠪᠠ᠃ ᠰᠤᠷᠬᠠᠭᠳᠠᠨᠢ ᠬᠠᠲᠤᠨ᠄
— ᠪᠢᠳᠡ ᠡᠴᠢᠭᠡ ᠴᠢᠨᠢ ᠶᠠᠭᠤᠨ ᠤ᠋ ᠲᠥᠯᠥᠭᠡ ᠬᠠᠯᠠᠭᠤᠨ ᠠᠮᠢ ᠪᠠᠨ ᠵᠣᠯᠢᠭᠰᠠᠨ ᠢ᠋
ᠮᠠᠷᠲᠠᠬᠤ ᠤᠴᠢᠷ ᠦᠭᠡᠢ᠃ ᠲᠡᠷᠡ ᠪᠡᠷ ᠠᠯᠲᠠᠨ ᠤᠷᠤᠭ ᠤ᠋ᠨ ᠬᠠᠭᠠᠨ ᠡᠵᠡᠨ ᠦ᠌ ᠲᠥᠯᠥᠭᠡ ᠠᠮᠢ ᠪᠠᠨ ᠵᠣᠯᠢᠭᠰᠠᠨ ᠪᠤᠰᠤ ᠤᠤ᠃ ᠮᠥᠩᠬᠡ ᠲᠩᠷᠢ ᠡᠴᠡ ᠵᠠᠶᠠᠭᠠᠲᠤ ᠶᠡᠬᠡ ᠬᠠᠭᠠᠨ ᠤ᠋ ᠠᠯᠲᠠᠨ ᠤᠷᠤᠭ ᠲᠩᠷᠢ ᠶ᠋ᠢᠨ ᠢᠪᠡᠭᠡᠯ ᠳ᠋ᠦ᠍ ᠪᠠᠭᠲᠠᠬᠤ ᠤᠴᠢᠷ ᠲᠠᠢ ᠠᠲᠠᠯ᠎ᠠ ᠬᠠᠭᠠᠨ ᠡᠵᠡᠨ ᠥᠨᠥ ᠶᠠᠭᠤᠨ ᠳ᠋ᠤ᠌ ᠲᠡᠳᠡᠨ ᠢ᠋ ᠵᠠᠯᠬᠠᠭᠠᠨ᠎ᠠ ᠪᠣᠢ᠃ ᠬᠡᠷᠪᠡ ᠢᠩᠭᠢᠬᠦ ᠳ᠋ᠦ᠍ ᠬᠦᠷᠪᠡᠯ ᠬᠠᠭᠠᠨ ᠡᠵᠡᠨ ᠪᠤᠰᠤ᠂ ᠮᠥᠩᠬᠡ ᠲᠩᠷᠢ ᠲᠡᠳᠡᠨ ᠢ᠋ ᠭᠡᠰᠬᠡᠬᠦ ᠤᠴᠢᠷ ᠲᠠᠢ ᠪᠤᠰᠤ ᠤᠤ᠃ ᠮᠥᠨ ᠬᠠᠭᠤᠴᠢᠨ ᠲᠥᠷᠥ ᠶ᠋ᠢᠨ ᠰᠠᠢᠳ ᠲᠦᠰᠢᠮᠡᠳ᠂ ᠲᠡᠳᠡᠨ ᠦ᠌ ᠣᠢᠷ᠎ᠠ ᠶ᠋ᠢᠨ ᠬᠥᠮᠦᠰ ᠪᠦᠭᠦᠳᠡ ᠬᠠᠭᠠᠨ ᠡᠵᠡᠨ ᠲᠠᠨ ᠤ᠋ ᠰᠢᠭᠦᠯᠲᠡ ᠳ᠋ᠦ᠍ ᠶᠠᠯᠠᠯᠠᠭᠳᠠᠵᠤ ᠪᠠᠢᠨ᠎ᠠ᠃ ᠥᠨᠥ ᠪᠢᠳᠡ ᠶᠡᠬᠡ ᠴᠢᠰᠤ ᠶ᠋ᠢ ᠪᠤᠰᠤ᠂ ᠶᠡᠬᠡ ᠬᠥᠯᠥᠰᠥ ᠶ᠋ᠢ ᠤᠷᠤᠰᠬᠠᠵᠤ ᠲᠥᠷᠥ ᠤᠯᠤᠰ ᠢ᠋ᠶ᠋ᠠᠨ ᠳᠡᠭᠡᠭᠰᠢ ᠳᠡᠭᠵᠢᠭᠦᠯᠬᠦ ᠤᠴᠢᠷ ᠲᠠᠢ ᠰᠠᠨ ᠬᠡᠮᠡᠪᠡ᠃ ᠮᠥᠩᠬᠡ ᠬᠠᠭᠠᠨ ᠡᠬᠡ ᠶ᠋ᠢᠨ ᠬᠢᠨᠢ ᠰᠡᠳᠬᠢᠯ ᠲᠠᠪᠠ ᠦᠭᠡᠢ ᠪᠠᠢᠭ᠎ᠠ ᠤᠴᠢᠷ ᠢ᠋ ᠣᠢᠯᠠᠭᠠᠪᠠ᠃
— ᠬᠠᠭᠠᠨ ᠡᠵᠡᠨ ᠥᠪᠡᠷ ᠦ᠋ᠨ ᠰᠦᠷ ᠬᠦᠴᠦ ᠶ᠋ᠢ ᠡᠵᠡᠨᠲᠦ ᠭᠦᠷᠦᠨ ᠳ᠋ᠦ᠍ ᠬᠦᠯᠢᠶᠡᠨ ᠵᠥᠪᠰᠢᠶᠡᠷᠡᠭᠦᠯᠦᠭᠰᠡᠨ ᠴᠠᠭ ᠲᠤ᠌ ᠪᠦᠭᠦᠳᠡ ᠨᠢᠭᠡᠨ ᠲᠤᠭ ᠤ᠋ᠨ ᠳᠣᠣᠷ᠎ᠠ ᠴᠤᠭᠯᠠᠷᠠᠬᠤ ᠤᠴᠢᠷ ᠲᠠᠢ᠃ ᠥᠨᠥ ᠶ᠋ᠢ ᠬᠦᠷᠲᠡᠯ᠎ᠡ ᠡᠵᠡᠨᠲᠦ ᠭᠦᠷᠦᠨ ᠦ᠌ ᠬᠠᠮᠢᠭ᠎ᠠ ᠨᠢᠭᠡᠨ ᠪᠤᠯᠤᠩ ᠳ᠋ᠤ᠌ ᠰᠢᠷᠭᠤᠯᠠᠨ᠂ ᠬᠠᠭᠠᠨ ᠤ᠋ ᠡᠰᠡᠷᠭᠦ ᠶᠠᠪᠤᠭᠤᠯᠵᠤ ᠪᠠᠢᠭ᠎ᠠ ᠳᠠᠯᠳᠠ ᠬᠤᠤᠪᠢᠯᠳᠤᠭᠠᠨ᠂ ᠰᠠᠮ ᠬᠣᠯᠪᠣᠭ᠎ᠠ ᠰᠦᠯᠪᠡᠭᠡ ᠭᠦᠢᠴᠡᠳ ᠲᠠᠰᠤᠷᠠᠭ᠎ᠠ ᠦᠭᠡᠢ ᠪᠠᠢᠨ᠎ᠠ᠃ ᠥᠨᠥ ᠪᠢ ᠬᠠᠲᠤᠨ ᠡᠬᠡ ᠶ᠋ᠢᠨ ᠦᠭᠡ ᠶ᠋ᠢ ᠳᠠᠭᠠᠨ᠂ ᠠᠪᠤᠷᠠᠯ ᠡᠨᠡᠷᠢᠯ ᠢ᠋ᠶ᠋ᠡᠨ ᠢᠯᠡᠭᠡᠵᠦ᠂ ᠨᠥᠬᠥᠷ ᠳᠠᠢᠰᠤᠨ ᠦᠭᠡᠢ ᠠᠭᠤᠴᠢᠯᠠᠨ ᠥᠷᠥᠰᠢᠶᠡᠵᠦ ᠪᠣᠯᠬᠤ ᠪᠠᠢᠭᠰᠠᠨ ᠪᠢᠯᠡ᠃ ᠭᠡᠪᠡᠴᠦ ᠮᠠᠷᠭᠠᠰᠢ ᠲᠡᠳᠡ ᠳᠠᠬᠢᠨ ᠲᠥᠷᠥ ᠶ᠋ᠢᠨ ᠡᠰᠡᠷᠭᠦ ᠨᠢᠭᠡᠳᠬᠦ ᠦᠭᠡᠢ ᠭᠡᠬᠦ ᠪᠠᠲᠤᠯᠠᠭ᠎ᠠ ᠬᠠᠮᠢᠭ᠎ᠠ ᠪᠠᠢᠨ᠎ᠠ᠃ ᠥᠨᠥ ᠡᠮᠬᠢ ᠵᠢᠷᠤᠮ ᠳᠠᠭᠠᠨ ᠣᠷᠣᠵᠤ ᠪᠠᠢᠭ᠎ᠠ ᠶᠡᠬᠡ ᠮᠣᠩᠭᠣᠯ ᠤ᠋ᠨ ᠲᠥᠷᠥ ᠶ᠋ᠢ ᠠᠬᠢᠨ ᠵᠠᠳᠠᠯᠬᠤ ᠤᠴᠢᠷ ᠦᠭᠡᠢ ᠶ᠋ᠢᠨ ᠲᠤᠯᠠ ᠬᠦᠦ ᠨᠢ ᠢᠩᠭᠢᠵᠦ ᠪᠠᠢᠭ᠎ᠠ ᠶ᠋ᠢ ᠡᠬᠡ ᠮᠢᠨᠢ ᠣᠢᠯᠠᠭᠠᠬᠤ ᠤᠴᠢᠷ ᠲᠠᠢ᠃ ᠲᠥᠷᠥ ᠶ᠋ᠢᠨ ᠳᠣᠲᠣᠷ᠎ᠠ ᠰᠠᠮᠠᠭᠤᠨ ᠡᠭᠦᠷᠯᠡᠭᠰᠡᠨ ᠴᠠᠭ ᠲᠤ᠌ ᠲᠦᠮᠡᠨ ᠣᠯᠠᠨ ᠠᠮᠤᠭᠤᠯᠠᠩ ᠰᠠᠭᠤᠬᠤ ᠦᠭᠡᠢ ᠶ᠋ᠢ ᠪᠢᠳᠡ ᠡᠪᠦᠭᠡ ᠳᠡᠭᠡᠳᠦᠰ ᠦ᠋ᠨ ᠦᠶ᠎ᠡ ᠡᠴᠡ ᠰᠤᠷᠴᠤ ᠮᠡᠳᠡᠭᠰᠡᠭᠡᠷ ᠢᠷᠡᠭᠰᠡᠨ ᠭᠡᠪᠡ᠃ ᠰᠤᠷᠬᠠᠭᠲᠠᠨᠢ ᠬᠠᠲᠤᠨ᠄
— ᠡᠵᠢ ᠨᠢ ᠬᠦᠦ ᠳ᠋ᠡᠭᠡᠨ ᠶᠡᠬᠡᠰ ᠳᠡᠭᠡᠳᠦᠰ ᠢ᠋ ᠰᠢᠭᠦᠬᠦ ᠠᠵᠢᠯ ᠢ᠋ᠶ᠋ᠠᠨ ᠵᠣᠭᠰᠣᠭᠠᠬᠤ ᠶ᠋ᠢ ᠤᠴᠢᠷᠯᠠᠪᠠᠴᠤ ᠲᠥᠷᠥ ᠤᠯᠤᠰ ᠤ᠋ᠨ ᠬᠡᠷᠡᠭ ᠢ᠋ ᠨᠢᠭᠡᠨ ᠭᠠᠷ ᠲᠤ᠌ ᠲᠣᠭᠲᠠᠭᠠᠨ ᠪᠠᠷᠢᠬᠤ ᠭᠡᠰᠡᠨ ᠪᠣᠳᠣᠯ ᠲᠠᠢ ᠲᠠᠨᠢ ᠲᠡᠷᠰᠯᠡᠯᠳᠦᠵᠦ ᠪᠠᠢᠭ᠎ᠠ ᠪᠣᠯ ᠥᠨᠥ ᠡᠬᠡ ᠳ᠋ᠡᠭᠡᠨ ᠭᠠᠭᠴᠠ ᠯᠠ ᠵᠦᠢᠯ ᠢ᠋ ᠵᠥᠪᠰᠢᠶᠡᠷᠡᠵᠦ ᠬᠠᠢᠷᠠᠯᠠ ᠭᠡᠪᠡ᠃ ᠮᠥᠩᠬᠡ ᠬᠠᠭᠠᠨ᠄
— ᠲᠠ ᠬᠡᠯᠡᠵᠦ ᠠᠢᠯᠠᠳ ᠭᠡᠪᠡ᠃
— ᠬᠠᠭᠠᠨ ᠬᠦᠦ ᠶ᠋ᠢᠨ ᠰᠠᠨᠠᠭ᠎ᠠ ᠪᠣᠳᠣᠯ ᠢ᠋ ᠣᠢᠯᠠᠭᠠᠯ᠎ᠠ᠃ ᠡᠨᠡ ᠠᠵᠢᠯ ᠢ᠋ᠶ᠋ᠠᠨ ᠡᠬᠡ ᠳ᠋ᠡᠭᠡᠨ ᠳᠠᠭᠠᠳᠬᠠᠨ ᠦᠯᠡᠳᠡᠭᠡ᠂ ᠥᠨᠥ ᠪᠢᠳᠡ ᠥᠪᠡᠷ ᠵᠠᠭᠤᠷ᠎ᠠ ᠪᠠᠨ ᠬᠡᠯᠡᠯᠴᠡᠨ ᠰᠠᠭᠤᠬᠤ ᠠ᠋ᠴᠠ ᠢᠯᠡᠭᠦᠦ᠂ ᠲᠥᠷᠥ ᠤᠯᠤᠰ ᠢ᠋ᠶ᠋ᠠᠨ ᠲᠡᠯᠡᠬᠦ ᠶᠡᠬᠡ ᠠᠵᠢᠯ ᠬᠠᠭᠠᠨ ᠢ᠋ ᠬᠦᠯᠢᠶᠡᠵᠦ ᠪᠣᠢ ᠲᠤᠯᠠ ᠥᠨᠥ ᠡᠨᠡ ᠬᠡᠷᠡᠭ ᠲᠦ᠍ ᠴᠠᠭ ᠠᠯᠳᠠᠭᠠᠳ ᠶᠠᠭᠠᠬᠢᠨ᠎ᠠ ᠬᠡᠮᠡᠪᠡ᠃ ᠮᠥᠩᠬᠡ ᠬᠠᠭᠠᠨ᠄
— ᠬᠠᠲᠤᠨ ᠡᠬᠡ ᠲᠠ ᠥᠪᠡᠷ ᠢ᠋ᠶ᠋ᠡᠨ ᠮᠡᠳᠡᠲᠦᠭᠡᠢ᠃ ᠡᠨᠡ ᠴᠠᠭ ᠠ᠋ᠴᠠ ᠬᠣᠢᠰᠢ ᠪᠢ ᠡᠨᠡ ᠠᠵᠢᠯ ᠳ᠋ᠤ᠌ ᠣᠷᠣᠯᠴᠠᠬᠤ ᠦᠭᠡᠢ ᠲᠤᠯᠠ ᠬᠠᠲᠤᠨ ᠡᠬᠡ ᠲᠠ ᠰᠢᠢᠳᠰᠦᠭᠡᠢ᠃ ᠪᠢ ᠡᠵᠢ ᠲᠠᠨ ᠤ᠋ ᠪᠠᠨ ᠰᠠᠨᠠᠭᠤᠯᠤᠭᠰᠠᠨ ᠢ᠋ᠶ᠋ᠠᠷ ᠲᠥᠷᠥ ᠤᠯᠤᠰ ᠢ᠋ᠶ᠋ᠠᠨ ᠲᠡᠯᠡᠬᠦ ᠶᠡᠬᠡ ᠦᠢᠯᠡᠰ ᠲᠦ᠍ ᠠᠯᠭᠤᠷᠯᠠᠨ ᠪᠠᠢᠨ᠎ᠠ ᠭᠡᠳᠡᠭ ᠢ᠋ᠶ᠋ᠡᠨ ᠤᠬᠠᠭᠠᠷᠠᠪᠠ ᠬᠡᠮᠡᠯ᠎ᠡ᠃
ᠬᠠᠭᠠᠨ ᠤ᠋ ᠠᠢᠯᠠᠳᠪᠤᠷᠢ ᠶᠣᠰᠣ ᠪᠠᠷ ᠪᠣᠯᠵᠤ᠂ ᠰᠤᠷᠬᠠᠭᠲᠠᠨᠢ ᠬᠠᠲᠤᠨ᠂ ᠬᠠᠭᠠᠨᠲᠤ ᠲᠥᠷᠥ ᠳ᠋ᠦ᠍ ᠲᠡᠷᠰᠯᠡᠭᠰᠡᠨ ᠭᠡᠭᠳᠡᠬᠦ ᠬᠥᠮᠦᠰ ᠢ᠋ ᠰᠢᠭᠦᠬᠦ ᠠᠵᠢᠯ ᠢ᠋ ᠭᠠᠷᠳᠠᠨ ᠭᠦᠢᠴᠡᠳᠬᠡᠬᠦ ᠪᠡᠷ ᠪᠣᠯᠪᠠ᠃ ᠦᠨᠡᠨ ᠬᠡᠷᠡᠭ ᠲᠡᠭᠡᠨ ᠬᠠᠲᠤᠨ ᠡᠬᠡ ᠨᠢ ᠲᠡᠳᠡᠭᠡᠷ ᠬᠥᠮᠦᠰ ᠢ᠋ ᠬᠡᠷᠬᠢᠨ ᠰᠢᠭᠦᠬᠦ ᠶ᠋ᠢ ᠮᠥᠩᠬᠡ ᠬᠠᠭᠠᠨ ᠭᠠᠳᠠᠷᠯᠠᠵᠤ ᠪᠠᠢᠭᠰᠠᠨ ᠴᠤ᠌ ᠳᠣᠲᠣᠭᠠᠳᠤ ᠰᠡᠳᠬᠢᠯ ᠳ᠋ᠡᠭᠡᠨ ᠬᠡᠳᠦ ᠠᠯᠭᠤᠷᠯᠠᠨ ᠰᠠᠭᠤᠭ᠎ᠠ ᠪᠠᠨ ᠣᠢᠯᠠᠭᠠᠭᠰᠠᠨ ᠲᠤᠯᠠ ᠡᠬᠡ ᠳ᠋ᠡᠭᠡᠨ ᠳᠠᠭᠠᠳᠬᠠᠬᠤ ᠶ᠋ᠢ ᠵᠥᠪᠰᠢᠶᠡᠷᠡᠭᠰᠡᠨ ᠬᠡᠷᠡᠭ ᠪᠠᠢᠪᠠ᠃ ᠰᠤᠷᠬᠠᠭᠲᠠᠨᠢ ᠬᠠᠲᠤᠨ ᠲᠥᠷᠥ ᠶ᠋ᠢᠨ ᠬᠡᠷᠡᠭᠲᠡᠨ ᠨᠦ᠍ᠭᠦᠳ ᠢ᠋ ᠨᠢᠭᠡ ᠨᠢᠭᠡ ᠪᠡᠷ ᠰᠢᠭᠦᠵᠦ᠂ ᠤᠬᠠᠭᠤᠯᠤᠨ ᠰᠡᠩᠬᠡᠷᠡᠭᠦᠯᠵᠦ᠂ ᠵᠠᠷᠢᠮ ᠬᠥᠮᠦᠰ ᠢ᠋ ᠲᠠᠯᠪᠢᠨ ᠶᠠᠪᠤᠭᠤᠯᠵᠤ ᠪᠠᠢᠭ᠎ᠠ ᠲᠤᠬᠠᠢ ᠲᠤᠭᠤᠯᠤᠭᠰᠠᠨ ᠤ᠋ ᠳᠠᠷᠠᠭ᠎ᠠ ᠴᠤ᠌《ᠪᠢ ᠡᠨᠡ ᠠᠵᠢᠯ ᠢ᠋ ᠬᠠᠲᠤᠨ ᠡᠬᠡ ᠳ᠋ᠡᠭᠡᠨ ᠳᠠᠭᠠᠭᠠᠯᠭᠠᠬᠤ ᠳᠠᠭᠠᠨ ᠡᠢᠮᠦ ᠶᠠᠭᠤᠮ᠎ᠠ ᠪᠣᠯᠤᠨ᠎ᠠ ᠭᠡᠳᠡᠭ ᠢ᠋ ᠮᠡᠳᠡᠵᠦ ᠪᠠᠢᠯ᠎ᠠ》 ᠭᠡᠮᠡᠨ ᠮᠦᠩᠬᠡᠰᠡᠷᠡ ᠨᠣᠶᠠᠨ ᠳ᠋ᠤ᠌ ᠠᠢᠯᠠᠳᠤᠭᠰᠠᠨ ᠪᠠᠢᠪᠠ᠃
ᠡᠵᠡᠨᠲᠦ ᠭᠦᠷᠦᠨ ᠦ᠌ ᠪᠣᠳᠣᠯᠭ᠎ᠠ ᠬᠢᠯᠢ ᠶ᠋ᠢᠨ ᠴᠢᠨᠠᠳᠤ ᠳ᠋ᠤ᠌ ᠬᠦᠷᠴᠦ ᠪᠠᠢᠭᠰᠠᠨ ᠦᠶ᠎ᠡ ᠳ᠋ᠦ᠍ ᠮᠥᠩᠬᠡ ᠬᠠᠭᠠᠨ ᠥᠪᠡᠷ ᠦ᠋ᠨ ᠳᠡᠭᠦᠦ ᠨᠠᠷ ᠢ᠋ ᠳᠠᠭᠤᠳᠠᠭᠤᠯᠵᠠᠢ᠃ ᠦᠷᠭᠦᠭᠡᠨ᠎ᠡ ᠬᠤᠪᠢᠯᠠᠢ᠂ ᠬᠥᠯᠡᠬᠦ᠂ ᠠᠷᠢᠬᠪᠥ᠋ᠬᠡ ᠨᠠᠷ ᠪᠠᠷᠠᠯᠬᠠᠨ ᠢᠷᠡᠵᠡᠢ᠃ ᠮᠥᠩᠬᠡ ᠬᠠᠭᠠᠨ᠄
— ᠪᠢᠳᠡ ᠲᠥᠷᠥ ᠶ᠋ᠢᠨ ᠳᠣᠲᠣᠷ᠎ᠠ ᠡᠮᠬᠢ ᠵᠢᠷᠤᠮ ᠢ᠋ ᠲᠣᠭᠲᠠᠭᠠᠯ᠎ᠠ᠃ ᠡᠵᠡᠨᠲᠦ ᠭᠦᠷᠦᠨ ᠦ᠌ ᠬᠠᠷᠢᠶᠠᠨ ᠳ᠋ᠤ᠌ ᠪᠠᠭᠲᠠᠬᠤ ᠤᠯᠤᠰ ᠣᠷᠣᠨ ᠤ᠋ ᠬᠠᠭᠠᠳ᠂ ᠸᠠᠩ᠂ ᠲᠦᠰᠢᠮᠡᠳ ᠥᠪᠡᠷ ᠦ᠋ᠨ ᠪᠡᠶ᠎ᠡ ᠪᠡᠷ ᠢᠷᠡᠵᠦ᠂ ᠦᠨᠡᠨᠴᠢ ᠡᠰᠡᠬᠦ ᠪᠡᠨ ᠨᠤᠲᠠᠯᠠᠨ ᠬᠠᠷᠠᠭᠤᠯᠤᠭᠰᠠᠨ ᠤ᠋ ᠳᠠᠷᠠᠭ᠎ᠠ ᠬᠠᠭᠤᠴᠢᠨ ᠰᠠᠭᠤᠷᠢᠨ ᠳ᠋ᠤᠨᠢ ᠲᠣᠬᠣᠭᠠᠨ ᠲᠣᠮᠢᠯᠠᠵᠤ ᠪᠠᠢᠭ᠎ᠠ ᠲᠤᠯᠠ ᠲᠡᠳᠡ ᠪᠢᠳᠡᠨ ᠦ᠌ ᠢᠲᠡᠭᠡᠯ ᠢ᠋ ᠣᠯᠤᠭᠰᠠᠨ ᠬᠥᠮᠦᠰ ᠪᠠᠢᠬᠤ ᠪᠣᠯᠤᠨ᠎ᠠ᠃ ᠬᠠᠷᠢᠨ ᠶᠡᠬᠡ ᠬᠠᠭᠠᠳ ᠤ᠋ᠨ ᠦᠢᠯᠡ ᠬᠡᠷᠡᠭ ᠢ᠋ ᠦᠷᠭᠦᠯᠵᠢᠯᠡᠭᠦᠯᠵᠦ᠂ ᠥᠨᠥ ᠬᠢᠷᠢ ᠪᠢᠳᠡᠨ ᠦ᠌ ᠭᠠᠷ ᠲᠤ᠌ ᠪᠦᠷᠢᠨ ᠣᠷᠣᠭ᠎ᠠ ᠦᠭᠡᠢ ᠤᠮᠠᠷᠠᠲᠤ ᠰᠥᠩ ᠤᠯᠤᠰ᠂ ᠵᠡᠭᠦᠨ ᠲᠥ᠋ᠷᠺᠸᠰᠲ᠋ᠠᠨ᠂ ᠢᠷᠡᠨ ᠵᠡᠷᠭᠡ ᠣᠷᠣᠨ ᠢ᠋ ᠥᠪᠡᠷ ᠲᠡᠭᠡᠨ ᠳᠠᠭᠠᠭᠤᠯᠬᠤ ᠴᠠᠭ ᠨᠢᠭᠡᠨᠲᠡ ᠪᠣᠯᠤᠭᠰᠠᠨ ᠰᠠᠨᠠᠭᠳᠠᠨ᠎ᠠ᠃ ᠬᠠᠭᠠᠨᠲᠤ ᠤᠯᠤᠰ ᠤ᠋ᠨ ᠡᠮᠦᠨᠡᠲᠦ ᠣᠷᠣᠨ ᠢ᠋ ᠰᠥᠩ ᠤᠯᠤᠰ ᠢ᠋ᠶ᠋ᠠᠷ ᠭᠣᠣᠯ ᠪᠣᠯᠭᠠᠨ ᠵᠡᠭᠦᠨᠭᠠᠷ ᠭᠡᠮᠡᠨ ᠨᠡᠷᠡᠯᠡᠵᠦ᠂ ᠳᠡᠭᠦᠦ ᠬᠤᠪᠢᠯᠠᠢ ᠴᠢᠨᠦ ᠮᠠᠲᠠᠯ ᠳ᠋ᠤ᠌ ᠰᠢᠯᠵᠢᠭᠦᠯᠦᠨ᠂ ᠴᠠᠭᠠᠰᠢ ᠡᠵᠡᠯᠡᠭᠳᠡᠭᠡ ᠦᠭᠡᠢ ᠬᠡᠰᠡᠭ ᠢ᠋ ᠡᠵᠡᠯᠡᠨ ᠠᠪᠬᠤ ᠡᠭᠦᠷᠭᠡ ᠥᠭᠴᠦ ᠪᠠᠢᠨ᠎ᠠ᠃ ᠬᠠᠷᠢᠨ ᠲᠥ᠋ᠷᠺᠸᠰᠲ᠋ᠠᠨ᠂ ᠫᠧᠷᠰ ᠪᠣᠯᠤᠨ ᠲᠡᠭᠦᠨ ᠦ᠌ ᠣᠷᠴᠢᠮ ᠢ᠋ ᠳᠡᠭᠦᠦ ᠬᠦᠯᠡᠬᠦ ᠶ᠋ᠢᠨ ᠮᠠᠲᠠᠯ ᠳ᠋ᠤ᠌ ᠰᠢᠯᠵᠢᠭᠦᠯᠵᠦ᠂ ᠴᠠᠭᠠᠰᠢ ᠭᠠᠵᠠᠷ ᠨᠤᠲᠤᠭ ᠢ᠋ᠶ᠋ᠠᠨ ᠲᠡᠯᠡᠬᠦ᠂ ᠶᠡᠬᠡ ᠬᠠᠭᠠᠳ ᠤ᠋ᠨ ᠢ᠋ᠶ᠋ᠠᠨ ᠦᠢᠯᠡ ᠬᠡᠷᠡᠭ ᠢ᠋ ᠦᠷᠭᠦᠯᠵᠢᠯᠡᠭᠦᠯᠬᠦ ᠶ᠋ᠢ ᠳᠠᠭᠠᠭᠠᠯᠭᠠᠶᠠ᠃ ᠡᠵᠡᠨᠲᠦ ᠭᠦᠷᠦᠨ ᠦ᠌ ᠲᠥᠪ ᠶᠡᠬᠡ ᠬᠡᠰᠡᠭ ᠶᠡᠬᠡ ᠡᠵᠡᠨ ᠬᠠᠭᠠᠨ ᠤ᠋ ᠤᠤᠭᠠᠯ ᠨᠤᠲᠤᠭ ᠭᠤᠷᠪᠠᠨ ᠭᠣᠣᠯ ᠢ᠋ᠶ᠋ᠠᠷ ᠲᠥᠪᠯᠡᠷᠡᠭᠰᠡᠨ ᠲᠠᠯ᠎ᠠ ᠨᠤᠲᠤᠭ ᠢ᠋ᠶ᠋ᠠᠨ ᠤᠳᠬᠤᠨ ᠳᠡᠭᠦᠦ ᠶ᠋ᠢᠨ ᠶᠣᠰᠣ ᠪᠠᠷ ᠠᠷᠢᠬᠪᠥ᠋ᠬᠡ ᠳ᠋ᠦ᠍ ᠡᠵᠡᠮᠰᠢᠭᠦᠯᠬᠦ ᠰᠢᠢᠳᠪᠦᠷᠢ ᠶ᠋ᠢ ᠭᠠᠷᠭᠠᠯ᠎ᠠ ᠭᠡᠮᠡᠨ ᠠᠢᠯᠠᠳᠪᠠ᠃ ᠮᠥᠩᠬᠡ ᠬᠠᠭᠠᠨ ᠦᠷᠭᠦᠯᠵᠢᠯᠡᠭᠦᠯᠦᠨ᠄
— ᠴᠠᠭᠠᠲᠠᠢ ᠶ᠋ᠢᠨ ᠠᠴᠢ ᠬᠦᠦ ᠬᠠᠷ᠎ᠠ ᠦᠯᠡᠬᠦ ᠶ᠋ᠢ ᠲᠦᠷᠺᠸᠰᠲ᠋ᠠᠨ ᠳ᠋ᠠᠬᠢ ᠴᠠᠭᠠᠲᠠᠢ ᠶ᠋ᠢᠨ ᠤᠯᠤᠰ ᠤ᠋ᠨ ᠬᠠᠭᠠᠨ ᠪᠣᠯᠭᠠᠵᠤ᠂ ᠥᠭᠡᠳᠡᠢ ᠬᠠᠭᠠᠨ ᠤ᠋ ᠡᠵᠡᠮᠰᠢᠯᠲᠦ ᠨᠤᠲᠤᠭ ᠢ᠋ ᠲᠡᠭᠦᠨ ᠦ᠌ ᠦᠷ᠎ᠡ ᠬᠣᠢᠴᠢᠰ ᠲᠤ᠌ ᠬᠤᠪᠢᠶᠠᠨ ᠥᠭᠴᠦ ᠪᠠᠢᠨ᠎ᠠ᠃ ᠬᠠᠷᠢᠨ ᠡᠨᠡ ᠴᠠᠭ ᠠ᠋ᠴᠠ ᠡᠬᠢᠯᠡᠨ ᠡᠮᠦᠨᠡᠲᠦ ᠰᠥᠩ ᠤᠯᠤᠰ ᠢ᠋ ᠨᠢᠭᠡᠮᠦᠰᠦᠨ ᠮᠥᠬᠥᠭᠡᠬᠦ ᠶᠡᠬᠡ ᠠᠶᠠᠨ ᠲᠡᠢᠨ ᠢ᠋ ᠬᠡᠯᠡᠯᠴᠡᠨ ᠰᠢᠢᠳᠴᠦ᠂ ᠬᠠᠭᠠᠨ ᠪᠢ ᠥᠪᠡᠷ ᠦ᠋ᠨ ᠪᠡᠶ᠎ᠡ ᠪᠡᠷ ᠳᠠᠭᠠᠷᠢᠬᠤ ᠲᠤᠯᠠ ᠪᠡᠯᠡᠳᠬᠡᠯ ᠠᠵᠢᠯ ᠢ᠋ ᠡᠬᠢᠯᠡᠭᠦᠯᠰᠦᠭᠡᠢ᠃ ᠲᠠ ᠪᠦᠬᠦᠨ ᠡᠳᠡᠭᠡᠷ ᠭᠠᠵᠠᠷ ᠣᠷᠣᠨ ᠨᠤᠭᠤᠳ ᠲᠤ᠌ ᠡᠵᠡᠨ ᠰᠠᠭᠤᠯ᠎ᠠ ᠴᠤ᠌ ᠬᠥᠬᠡ ᠲᠩᠷᠢ ᠶ᠋ᠢᠨ ᠳᠣᠣᠷ᠎ᠠ ᠨᠢᠭᠡ ᠳᠡᠭᠡᠪᠦᠷ ᠳᠣᠣᠷ᠎ᠠ ᠪᠠᠭᠲᠠᠨ ᠪᠠᠢᠭ᠎ᠠ ᠪᠠᠨ ᠦᠶ᠎ᠡ ᠶ᠋ᠢᠨ ᠦᠶ᠎ᠡ ᠳ᠋ᠦ᠍ ᠪᠦᠦ ᠮᠠᠷᠲᠠ ᠬᠡᠮᠡᠪᠡ᠃
ᠬᠠᠭᠠᠨ ᠡᠵᠡᠨ ᠦ᠌ ᠠᠢᠯᠠᠳᠪᠤᠷᠢ ᠶ᠋ᠢ ᠰᠣᠨᠣᠰᠤᠭᠰᠠᠨ ᠰᠤᠷᠬᠠᠭᠲᠠᠨᠢ ᠬᠠᠲᠤᠨ ᠲᠤᠩ ᠤᠳᠠᠬᠤ ᠦᠭᠡᠢ ᠠᠯᠤᠰ ᠤ᠋ᠨ ᠵᠠᠮ ᠳ᠋ᠤ᠌ ᠭᠠᠷᠬᠤ ᠪᠠᠷ ᠪᠣᠯᠤᠭᠰᠠᠨ ᠬᠠᠨ ᠬᠥᠪᠡᠭᠦᠳ ᠬᠤᠪᠢᠯᠠᠢ᠂ ᠬᠥᠯᠡᠬᠦ ᠨᠠᠷ ᠢ᠋ ᠳᠠᠭᠤᠳᠠᠭᠤᠯᠵᠠᠢ᠃ ᠬᠠᠲᠤᠨ ᠡᠬᠡ ᠦᠷᠭᠦᠭᠡᠨ ᠦ᠌ ᠪᠡᠨ ᠭᠠᠳᠠᠭ᠎ᠠ ᠲᠡᠳᠡᠨ ᠢ᠋ ᠬᠦᠯᠢᠶᠡᠵᠦ ᠪᠠᠢᠯ᠎ᠠ᠃ ᠡᠬᠡ ᠶ᠋ᠢ ᠨᠢ ᠳᠠᠭᠠᠯᠳᠤᠨ ᠶᠠᠪᠤᠬᠤ ᠣᠯᠠᠨ ᠳᠠᠭᠠᠭᠤᠯ᠂ ᠰᠢᠪᠡᠭᠴᠢᠨ᠂ ᠬᠡᠪᠲᠡᠭᠦᠯ᠂ ᠬᠡᠰᠢᠭᠲᠡᠨ ᠴᠡᠷᠢᠭ ᠦ᠋ᠳ ᠳᠡᠷᠭᠡᠳᠡ ᠨᠢ ᠪᠠᠢᠭᠰᠠᠨ ᠦᠭᠡᠢ᠃ ᠲᠡᠷᠲᠡᠭᠡ ᠳ᠋ᠦ᠍ ᠬᠠᠷᠠᠭᠤᠯ ᠳ᠋ᠤ᠌ ᠭᠠᠷᠤᠭᠰᠠᠨ ᠴᠡᠷᠢᠭ ᠦ᠋ᠳ ᠡᠷᠭᠢᠨ ᠲᠣᠭᠣᠷᠢᠨ ᠢ᠋ᠶ᠋ᠠᠨ ᠠᠩᠵᠠᠭᠠᠷᠠᠨ ᠪᠠᠢᠬᠤ ᠨᠢ ᠬᠠᠷᠠᠭᠳᠠᠪᠠ᠃ ᠰᠤᠷᠬᠠᠭᠲᠠᠨᠢ ᠶ᠋ᠢᠨ ᠨᠢᠭᠡᠨ ᠴᠠᠭ ᠤ᠋ᠨ ᠭᠢᠯᠠᠯᠵᠠᠭᠰᠠᠨ ᠬᠠᠷ᠎ᠠ ᠦᠰᠦ ᠪᠤᠭᠤᠷᠤᠯ ᠰᠠᠭᠤᠵᠤ᠂ ᠲᠠᠯ᠎ᠠ ᠨᠤᠲᠤᠭ ᠤ᠋ᠨ ᠬᠦᠢᠲᠡᠨ ᠰᠠᠯᠬᠢᠨ ᠬᠠᠴᠠᠷ ᠨᠢᠭᠤᠷ ᠢ᠋ ᠨᠢ ᠣᠯᠠᠨ ᠵᠢᠯ ᠢᠯᠪᠢᠭᠰᠡᠨ ᠦ᠌ ᠤᠯᠠ ᠮᠥᠷ ᠢ᠋ᠶ᠋ᠡᠨ ᠦᠯᠡᠳᠡᠭᠡᠵᠦ᠂ ᠤᠷᠲᠤ ᠰᠠᠢᠬᠠᠨ ᠨᠢᠳᠦᠨ ᠦ᠌ ᠬᠢᠨᠢ ᠡᠷᠭᠢᠨ ᠲᠣᠭᠣᠷᠢᠨ ᠭᠦᠨ ᠭᠦᠨ ᠦᠷᠴᠢᠯᠡᠭᠡ ᠲᠣᠳᠣᠷᠠᠵᠠᠢ᠃ ᠡᠬᠡ ᠨᠢ ᠡᠳᠦᠭᠡ ᠵᠢᠷᠠᠨ ᠨᠠᠰᠤ ᠳᠥᠭᠥᠵᠦ᠂ ᠤᠷᠢᠳᠤ ᠶ᠋ᠢᠨ ᠰᠦᠷ ᠬᠦᠴᠦ᠂ ᠥᠩᠭᠡ ᠵᠢᠪᠬᠤᠭ᠎ᠠ ᠨᠢ ᠪᠠᠭᠤᠷᠠᠭᠰᠠᠨ ᠢ᠋ ᠲᠡᠳᠡ ᠡᠨᠡ ᠤᠳᠠᠭ᠎ᠠ ᠳ᠋ᠤ᠌ ᠡᠬᠡ ᠶ᠋ᠢ ᠪᠡᠨ ᠭᠠᠭᠴᠠᠭᠠᠷ ᠵᠣᠭᠰᠣᠵᠤ ᠪᠠᠢᠬᠤ ᠶ᠋ᠢ ᠬᠠᠷᠠᠬᠤ ᠳᠠᠭᠠᠨ ᠯᠠ ᠠᠩᠵᠠᠭᠠᠷᠠᠬᠤ ᠰᠢᠭ᠋ ᠪᠣᠯᠪᠠ᠃ ᠦᠷᠭᠦᠯᠵᠢ ᠰᠦᠷ ᠪᠠᠷ᠎ᠠ ᠲᠠᠢ᠂ ᠣᠯᠠᠨ ᠬᠥᠮᠦᠨ ᠢ᠋ᠶ᠋ᠡᠷ ᠬᠦᠷᠢᠶᠡᠯᠡᠭᠳᠡᠨ ᠶᠠᠪᠤᠬᠤ ᠡᠬᠡ ᠨᠢ ᠴᠣᠬᠣᠮ ᠶᠠᠭᠠᠬᠢᠭᠠᠳ ᠭᠠᠭᠴᠠᠭᠠᠷ ᠵᠣᠭᠰᠣᠵᠤ ᠪᠠᠢᠭ᠎ᠠ ᠶ᠋ᠢ ᠮᠡᠳᠡᠭᠰᠡᠨ ᠦᠭᠡᠢ ᠴᠤ᠌ ᠲᠡᠳᠡᠨ ᠳ᠋ᠦ᠍《ᠡᠬᠡ ᠶ᠋ᠢ ᠪᠡᠨ ᠦᠯᠡᠳᠡᠭᠡᠭᠡᠳ ᠶᠠᠪᠤᠬᠤ ᠨᠢ ᠳᠡ》 ᠭᠡᠰᠡᠨ ᠬᠦᠨᠳᠦᠬᠡᠨ ᠮᠡᠳᠡᠷᠡᠮᠵᠢ ᠶ᠋ᠢ ᠲᠥᠷᠥᠭᠦᠯᠪᠡ᠃
— ᠡᠵᠢ ᠮᠢᠨᠢ ᠭᠠᠭᠴᠠᠭᠠᠷ ᠢ᠋ᠶ᠋ᠠᠨ ᠶᠠᠭᠤ ᠬᠢᠵᠦ ᠵᠣᠭᠰᠣᠭ᠎ᠠ ᠶᠤᠮ ᠪᠣᠢ᠃ ᠪᠢᠳᠡ ᠶᠠᠪᠤᠭᠠᠳ ᠣᠷᠣᠬᠤ ᠶ᠋ᠢᠨ ᠬᠣᠭᠣᠷᠣᠨᠳᠣ ᠲᠠ ᠢᠩᠭᠢᠵᠦ ᠬᠦᠯᠢᠶᠡᠬᠦ ᠬᠡᠷᠡᠭ ᠶᠠᠭᠤ ᠪᠠᠢᠨ᠎ᠠ ᠭᠡᠮᠡᠨ ᠬᠤᠪᠢᠯᠠᠢ ᠬᠡᠯᠡᠬᠦ ᠳ᠋ᠦ᠍ ᠰᠤᠷᠬᠠᠭᠲᠠᠨᠢ ᠬᠠᠲᠤᠨ᠄
— ᠲᠠᠯ᠎ᠠ ᠪᠦᠷᠢ ᠡᠴᠡ ᠬᠠᠰᠢᠭᠰᠠᠨ ᠦᠷᠭᠦᠭᠡᠨ ᠦ᠌ ᠬᠠᠨᠠᠨ ᠳ᠋ᠤ᠌ ᠳᠣᠲᠣᠷ᠎ᠠ ᠪᠠᠴᠢᠮᠳᠠᠬᠤ ᠲᠤᠯᠠ ᠠᠭᠠᠷ ᠠᠮᠢᠰᠬᠤᠯᠯᠠᠨ ᠬᠡᠰᠡᠭ ᠵᠠᠭᠤᠷ᠎ᠠ ᠵᠣᠭᠰᠣᠯ᠎ᠠ ᠬᠡᠮᠡᠭᠡᠳ ᠬᠡᠦᠬᠡᠳ ᠦ᠋ᠳ ᠦ᠋ᠨ ᠢ᠋ᠶ᠋ᠡᠨ ᠥᠭᠡᠳᠡ ᠡᠴᠡ ᠬᠦᠷᠴᠦ ᠢᠷᠡᠯ᠎ᠡ᠃ ᠬᠠᠲᠤᠨ ᠡᠬᠡ ᠬᠣᠶᠠᠷ ᠬᠦᠦ ᠪᠡᠨ ᠶᠠᠭ ᠯᠠ ᠵᠢᠭᠠᠬᠠᠨ ᠬᠡᠦᠬᠡᠳ ᠰᠢᠭ ᠭᠠᠷ ᠠ᠋ᠴᠠ ᠨᠢ ᠬᠥᠲᠥᠯᠦᠨ᠂
—ᠰᠠᠯᠬᠢᠨ ᠳ᠋ᠤ᠌ ᠬᠡᠰᠡᠭ ᠵᠠᠭᠤᠷ᠎ᠠ ᠠᠯᠬᠤᠶ᠎ᠠ ᠭᠡᠪᠡ᠃
ᠲᠡᠳᠡ ᠣᠷᠬᠣᠨ ᠭᠣᠣᠯ ᠤ᠋ᠨ ᠡᠷᠭᠢ ᠤᠷᠤᠭᠤᠳᠠᠨ ᠬᠡᠰᠡᠭ ᠶᠠᠪᠤᠭᠠᠳ ᠲᠠᠯ᠎ᠠ ᠭᠠᠵᠠᠷ ᠨᠢᠳᠦᠨ ᠦ᠌ ᠡᠮᠦᠨ᠎ᠡ ᠢᠯᠡᠬᠡᠨ ᠬᠠᠷᠠᠭᠳᠠᠬᠤ ᠵᠦᠯᠭᠡᠨ ᠳᠡᠭᠡᠷ᠎ᠡ ᠰᠠᠭᠤᠵᠠᠭᠠᠯ᠎ᠠ᠃ ᠰᠤᠷᠬᠠᠭᠲᠠᠨᠢ ᠬᠠᠲᠤᠨ᠄
—ᠲᠡᠷᠡ ᠨᠢᠭᠡᠨ ᠴᠠᠭ ᠲᠤ᠌ ᠲᠤᠯᠤᠢ ᠡᠴᠢᠭᠡ ᠶ᠋ᠢ ᠴᠢᠨᠢ ᠲᠥᠷᠥᠭᠰᠡᠨ ᠰᠥᠨᠢ ᠲᠩᠷᠢ ᠡᠴᠡ ᠣᠢᠷᠠᠲᠤᠨ ᠢᠷᠡᠭᠰᠡᠨ ᠳᠥᠷᠪᠡᠨ ᠣᠳᠣ ᠪᠣᠯ ᠮᠢᠨᠦ ᠳᠥᠷᠪᠡᠨ ᠬᠦᠦ ᠶᠤᠮ ᠭᠡᠵᠦ ᠨᠠᠳᠠ ᠳ᠋ᠤ᠌ ᠥᠭᠡᠯᠦᠨ ᠡᠬᠡ ᠮᠢᠨᠢ ᠬᠡᠯᠡᠵᠦ ᠪᠠᠢᠵᠤ ᠪᠢᠯᠡ᠃ ᠴᠠᠭ ᠬᠤᠭᠤᠴᠠᠭ᠎ᠠ ᠥᠩᠭᠡᠷᠡᠬᠦ ᠲᠣᠰᠤᠮ ᠥᠪᠡᠷ ᠦ᠋ᠨ ᠮᠡᠲᠦ ᠰᠠᠨᠠᠭᠳᠠᠬᠤ ᠡᠨᠡ ᠯᠡ ᠬᠥᠮᠦᠰ ᠦ᠋ᠨ ᠬᠡᠯᠡᠭᠰᠡᠨ ᠦᠭᠡ᠂ ᠶᠠᠷᠢᠭᠰᠠᠨ ᠶᠠᠷᠢᠶ᠎ᠠ ᠰᠡᠳᠬᠢᠯ ᠵᠢᠷᠦᠬᠡᠨ ᠳ᠋ᠦ᠍ ᠬᠦᠷᠴᠦ ᠰᠣᠨᠣᠰᠤᠭᠳᠠᠨ ᠪᠠᠢᠬᠤ ᠱᠢᠭ᠋ ᠪᠣᠯᠵᠤ ᠪᠠᠢᠨ᠎ᠠ᠃ ᠣᠳᠣ ᠮᠢᠨᠦ ᠬᠥᠪᠡᠭᠦᠳ ᠠᠯᠤᠰ ᠲᠤ᠌ ᠶᠠᠪᠤᠬᠤ ᠨᠢ ᠭᠡᠵᠦ ᠬᠡᠯᠡᠭᠡᠳ ᠬᠡᠰᠡᠭ ᠵᠠᠭᠤᠷ᠎ᠠ ᠴᠢᠮᠡᠭᠡ ᠦᠭᠡᠢ ᠰᠠᠭᠤᠯ᠎ᠠ᠃ ᠬᠦᠯᠡᠬᠦ᠄
—ᠡᠵᠢ ᠠ᠋᠂ ᠪᠢ ᠪᠢᠰᠢᠭᠦᠢ ᠳ᠋ᠡᠭᠡᠨ ᠯᠡ ᠶᠠᠪᠤᠵᠤ ᠢᠷᠡᠭᠰᠡᠭᠡᠷ ᠡᠳᠦᠢ ᠶ᠋ᠢ ᠬᠦᠷᠦᠭᠰᠡᠨ ᠰᠢᠦ ᠳᠡ᠃ ᠲᠠ ᠰᠠᠨᠠᠭ᠎ᠠ ᠪᠠᠨ ᠪᠤᠤ ᠴᠢᠯᠡᠭᠡ ᠭᠡᠪᠡ᠃ ᠰᠤᠷᠬᠠᠭᠲᠠᠨᠢ ᠬᠠᠲᠤᠨ᠄
— ᠲᠡᠷᠡ ᠨᠢᠭᠡᠨ ᠡᠳᠦᠷ ᠴᠢᠩᠭᠢᠰ ᠬᠠᠭᠠᠨ ᠮᠢᠨᠦ ᠡᠭᠡᠴᠢ ᠢᠪᠠᠭ᠎ᠠ ᠶ᠋ᠢ ᠵᠥᠷᠴᠢᠳᠡᠢ ᠳ᠋ᠦ᠍ ᠰᠣᠶᠣᠷᠬᠠᠨ ᠣᠲᠣᠭᠤᠯᠤᠭᠰᠠᠨ ᠤ᠋ ᠳᠠᠷᠠᠭ᠎ᠠ ᠪᠢ ᠡᠨᠡ ᠣᠷᠳᠣᠨ ᠳ᠋ᠤ᠌ ᠤᠷᠢ ᠭᠠᠭᠴᠠᠭᠠᠷ ᠢ᠋ᠶ᠋ᠠᠨ ᠬᠥᠮᠦᠨ ᠦ᠌ ᠬᠥᠮᠦᠰ ᠦ᠋ᠨ ᠳᠤᠮᠳᠠ ᠦᠯᠡᠳᠡᠬᠦ ᠰᠢᠭ ᠰᠠᠨᠠᠭᠳᠠᠵᠤ᠂ ᠭᠠᠵᠠᠷ ᠳᠡᠯᠡᠬᠡᠢ ᠬᠦᠷᠲᠡᠯ᠎ᠡ ᠳᠠᠢᠪᠠᠨ ᠭᠠᠩᠬᠤᠬᠤ ᠰᠢᠭ᠋ ᠪᠣᠯᠵᠤ ᠪᠠᠢᠭᠰᠠᠨ᠃ ᠲᠡᠷᠡ ᠬᠦᠨᠳᠦ ᠡᠳᠦᠷ ᠦ᠋ᠳ ᠦ᠋ᠨ ᠳᠤᠮᠳᠠᠭᠤᠷ ᠥᠭᠡᠯᠦᠨ ᠡᠬᠡ ᠨᠠᠮᠠᠶ᠋ᠢ ᠳᠠᠭᠠᠭᠤᠯᠤᠨ ᠲᠠᠯ᠎ᠠ ᠶ᠋ᠢᠨ ᠳᠤᠮᠳᠠ ᠣᠴᠢᠭᠠᠳ《ᠡᠨᠡ ᠪᠢᠳᠡᠨ ᠦ᠌ ᠲᠥᠷᠥᠵᠦ ᠥᠰᠦᠭᠰᠡᠨ ᠲᠠᠯ᠎ᠠ ᠨᠤᠲᠤᠭ ᠢ᠋ ᠴᠢ ᠶᠠᠭᠤ ᠭᠡᠵᠦ ᠪᠣᠳᠣᠳᠠᠭ ᠪᠣᠢ》 ᠭᠡᠮᠡᠨ ᠠᠰᠠᠭᠤᠵᠤ ᠪᠠᠢᠵᠤ ᠪᠢᠯᠡ᠃ ᠦᠨᠡᠨ ᠳ᠋ᠡᠭᠡᠨ ᠪᠢ ᠲᠠᠯ᠎ᠠ ᠨᠤᠲᠤᠭ ᠢ᠋ᠶ᠋ᠠᠨ ᠥᠪᠡᠷ ᠦ᠋ᠨ ᠲᠥᠷᠥᠭᠰᠡᠨ ᠭᠠᠵᠠᠷ ᠭᠡᠬᠦ ᠡᠴᠡ ᠥᠭᠡᠷ᠎ᠡ ᠵᠦᠢᠯ ᠢ᠋ ᠪᠣᠳᠣᠳᠠᠭ ᠦᠭᠡᠢ ᠪᠠᠢᠵᠠᠢ᠃ ᠬᠠᠷᠢᠨ ᠥᠨᠥᠳᠥᠷ ᠲᠠᠯ᠎ᠠ ᠨᠤᠲᠤᠭ ᠭᠡᠳᠡᠭ ᠡᠵᠡᠨ ᠬᠥᠮᠦᠨ ᠦ᠌ ᠰᠡᠳᠬᠢᠯ᠂ ᠡᠯᠢᠭᠡ ᠵᠢᠷᠦᠬᠡᠨ ᠳ᠋ᠡᠬᠢ ᠬᠠᠢᠷ᠎ᠠ᠂ ᠶᠠᠭᠤ ᠪᠠᠷ ᠣᠷᠣᠯᠠᠭᠤᠯᠤᠮᠠ ᠦᠭᠡᠢ ᠦᠨᠡᠲᠦ ᠡᠷᠳᠡᠨᠢ ᠭᠡᠵᠦ ᠬᠠᠢᠷᠠᠯᠠᠨ ᠬᠦᠨᠳᠦᠯᠡᠵᠦ᠂ ᠢᠳᠡᠭᠡᠨ ᠪᠢᠰᠢᠷᠡᠬᠦ ᠪᠣᠯᠤᠯ᠎ᠠ᠃ ᠣᠳᠣ ᠡᠵᠢ ᠨᠢ ᠨᠡᠭᠦᠳᠡᠯ ᠦ᠋ᠨ ᠠᠶ᠎ᠠ ᠳᠠᠭᠠᠭᠠᠬᠤ ᠦᠭᠡᠢ ᠪᠣᠯᠵᠠᠢ᠃ ᠲᠠ ᠨᠠᠷ ᠤᠨ ᠬᠠᠮᠲᠤ ᠤᠯᠤᠰ ᠣᠷᠣᠨ ᠢ᠋ ᠴᠢᠨᠢ ᠲᠥᠪᠬᠢᠨᠡᠭᠦᠯᠬᠦ ᠬᠦᠰᠡᠯ ᠪᠠᠢᠪᠠᠴᠤ ᠴᠢᠳᠠᠯ ᠦᠭᠡᠢ ᠪᠣᠯᠵᠠᠢ ᠭᠡᠵᠦ ᠬᠡᠯᠡᠭᠡᠳ ᠪᠣᠳᠣᠯᠬᠢᠯᠠᠭᠰᠠᠨ ᠢ᠋ᠶ᠋ᠠᠨ ᠦᠷᠭᠦᠯᠵᠢᠯᠡᠭᠦᠯᠦᠨ᠂
— ᠲᠠᠯ᠎ᠠ ᠨᠤᠲᠤᠭ ᠲᠤ᠌ ᠪᠦᠬᠦ ᠵᠦᠢᠯ ᠡᠨᠡ ᠠᠯᠠᠭᠠᠨ ᠳᠡᠭᠡᠷ᠎ᠡ ᠪᠠᠢᠭ᠎ᠠ ᠶᠤᠮ ᠱᠢᠭ᠋ ᠢᠯᠡᠬᠡᠨ ᠬᠠᠷᠠᠭᠳᠠᠳᠠᠭ ᠲᠤᠯᠠ ᠡᠨᠡ ᠨᠤᠲᠤᠭ ᠤᠨ ᠬᠥᠮᠦᠨ ᠦ᠌ ᠰᠡᠳᠬᠢᠯ ᠴᠦ᠍ ᠳᠡᠯᠭᠡᠭᠰᠡᠨ ᠠᠯᠠᠭ᠎ᠠ ᠱᠢᠭ᠋ ᠢᠯᠡᠬᠡᠨ ᠬᠠᠷᠠᠭᠳᠠᠳᠠᠭ ᠶᠤᠮ ᠭᠡᠳᠡᠭ ᠢ᠋ ᠪᠢ ᠮᠡᠳᠡᠬᠦ ᠪᠣᠯᠤᠭᠰᠠᠨ᠃ ᠥᠭᠡᠯᠦᠨ ᠡᠬᠡ ᠶ᠋ᠢᠨ ᠠᠴᠢ ᠪᠠᠷ ᠪᠢ ᠬᠥᠮᠦᠨ ᠦ᠌ ᠰᠡᠳᠬᠢᠯ ᠢ᠋ ᠬᠠᠷᠠᠵᠤ ᠴᠢᠳᠠᠳᠠᠭ ᠪᠣᠯᠤᠭᠰᠠᠨ ᠬᠡᠷᠡᠭ᠃ ᠶᠠᠮᠠᠷ ᠴᠤ᠌ ᠬᠥᠮᠦᠨ ᠲᠡᠢ ᠠᠭᠤᠯᠵᠠᠭᠠᠳ ᠲᠡᠷᠡ ᠬᠥᠮᠦᠨ ᠦ᠌ ᠲᠤᠬᠠᠢ ᠲᠠᠭᠠᠪᠤᠷᠢᠯᠠᠬᠤ ᠪᠣᠳᠣᠯ ᠮᠢᠨᠢ ᠤᠨᠤᠭᠰᠠᠨ ᠪᠠᠢᠳᠠᠭ ᠢ᠋ ᠲᠠ ᠨᠠᠷ ᠮᠡᠳᠡᠨ᠎ᠡ᠃ ᠬᠥᠮᠦᠨ ᠦ᠌ ᠰᠡᠳᠬᠢᠯ ᠢ᠋ ᠨᠠᠳᠠ ᠱᠢᠭ᠋ ᠣᠢᠯᠠᠭᠠᠳᠠᠭ ᠬᠥᠮᠦᠰ ᠣᠯᠠᠨ ᠪᠣᠢ᠃ ᠭᠡᠪᠡᠴᠦ ᠢᠷᠡᠭᠡᠳᠦᠢ ᠪᠣᠯ ᠪᠦᠭᠦᠳᠡ ᠶ᠋ᠢ ᠮᠡᠳᠡᠨ᠎ᠡ᠂ ᠲᠠ ᠨᠠᠷ ᠤᠨ ᠦᠨᠡᠨ ᠬᠤᠳᠠᠯ ᠬᠦᠰᠡᠯ ᠮᠥᠷᠥᠭᠡᠳᠦᠯ ᠠᠯᠳᠠᠭ᠎ᠠ ᠤᠨᠤᠭ᠎ᠠ ᠢᠷᠡᠭᠡᠳᠦᠢ ᠶ᠋ᠢᠨ ᠡᠮᠦᠨ᠎ᠡ ᠳᠡᠯᠭᠡᠭᠰᠡᠨ ᠠᠯᠠᠭ᠎ᠠ ᠱᠢᠭ᠋ ᠦᠯᠡᠳᠡᠬᠦ ᠲᠤᠯᠠ ᠲᠡᠭᠦᠨ ᠳᠣᠲᠣᠷ᠎ᠠ ᠭᠬᠢᠷ ᠪᠤᠷᠲᠠᠭ ᠥᠴᠦᠬᠡᠨ ᠴᠦ᠍ ᠰᠠᠭᠤᠯᠭᠠᠵᠤ ᠪᠣᠯᠬᠤ ᠦᠭᠡᠢ᠂ ᠬᠥᠪᠡᠭᠦᠳ ᠮᠢᠨᠢ ᠡᠨᠡ ᠰᠡᠳᠬᠢᠯ ᠢ᠋ᠶ᠋ᠡᠨ ᠨᠠᠰᠤᠨ ᠲᠤᠷᠰᠢ ᠬᠠᠳᠠᠭᠠᠯᠠᠵᠤ ᠴᠢᠳᠠᠬᠤ ᠠᠪᠠᠰᠤ ᠬᠣᠷᠸ᠎ᠠ ᠶ᠋ᠢᠨ ᠦᠨᠡᠨ ᠢ᠋ᠶ᠋ᠡᠷ ᠪᠡᠶ᠎ᠡ ᠴᠢᠨᠢ ᠣᠳᠪᠠᠴᠤ᠂ ᠬᠤᠮᠠᠬᠢ ᠶ᠋ᠢᠨ ᠲᠣᠭᠣᠰᠣᠨ ᠳ᠋ᠤ᠌ ᠠᠷᠢᠯᠤᠰᠢ ᠦᠭᠡᠢ ᠦᠨᠡᠨ ᠴᠢᠨᠢ ᠦᠯᠡᠳᠡᠬᠦ ᠪᠣᠯᠤᠨ᠎ᠠ ᠭᠡᠯᠡ᠃
ᠣᠷᠬᠣᠨ ᠭᠣᠣᠯ ᠤᠨ ᠬᠥᠨᠳᠡᠢ ᠳ᠋ᠦ᠍ ᠮᠠᠯ ᠰᠦᠷᠦᠭ ᠲᠠᠪᠠ ᠪᠠᠷ ᠢ᠋ᠶ᠋ᠠᠨ ᠪᠡᠯᠴᠢᠵᠦ ᠳᠡᠯᠭᠡᠷ ᠵᠤᠨ ᠴᠠᠭ ᠤᠨ ᠴᠢᠮᠡᠭᠡ᠂ ᠪᠠᠶᠠᠷ ᠵᠢᠷᠭᠠᠯ ᠤᠨ ᠳᠠᠭᠤ ᠲᠠᠢ ᠬᠠᠮᠲᠤ ᠴᠤᠤᠷᠢᠶᠠᠲᠤᠵᠤ᠂ ᠪᠢᠴᠢᠬᠠᠨ ᠬᠡᠦᠬᠡᠳ ᠦ᠋ᠳ ᠦ᠋ᠨ ᠲᠣᠭᠯᠠᠨ ᠭᠦᠶᠦᠯᠳᠦᠬᠦ ᠲᠡᠢ ᠬᠣᠷᠰᠢᠨ ᠨᠢᠭᠡᠨ ᠴᠠᠭ ᠤᠨ ᠶᠡᠬᠡ ᠵᠢᠷᠭᠠᠯ ᠲᠠᠢ ᠮᠥᠴᠡ ᠶ᠋ᠢ ᠠᠪᠴᠤ ᠢᠷᠡᠬᠦ ᠰᠢᠭ ᠡᠩ ᠦ᠋ᠨ ᠠᠭᠠᠳ ᠵᠢᠷᠭᠠᠯ ᠲᠠᠢ ᠪᠠᠢᠪᠠ᠃ ᠰᠤᠷᠠᠬᠠᠨᠳᠠᠨᠢ ᠬᠠᠲᠤᠨ ᠬᠥᠯᠡᠬᠦ ᠳ᠋ᠦ᠍ ᠬᠠᠨᠳᠤᠨ᠄
— ᠬᠦᠦ ᠮᠢᠨᠢ ᠴᠢ ᠠᠯᠤᠰ ᠲᠤ᠌ ᠶᠠᠪᠤᠵᠤ ᠪᠠᠢᠨ᠎ᠠ᠃ ᠣᠴᠢᠬᠤ ᠭᠠᠵᠠᠷ ᠴᠢᠨᠢ ᠬᠣᠯᠠ ᠠᠭᠤᠯᠵᠠᠬᠤ ᠬᠥᠮᠦᠰ ᠴᠢᠨᠢ ᠥᠭᠡᠷ᠎ᠡ᠂ ᠭᠡᠪᠡᠴᠦ ᠨᠢᠭᠡ ᠯᠡ ᠵᠦᠢᠯ ᠴᠢᠮᠠᠶ᠋ᠢ ᠲᠡᠳᠡᠨ ᠲᠡᠢ ᠨᠢᠭᠡᠳᠬᠡᠵᠦ ᠴᠢᠳᠠᠬᠤ ᠪᠣᠯᠤᠨ᠎ᠠ᠃ ᠡᠨᠡ ᠪᠣᠯ ᠲᠡᠳᠡᠨ ᠳ᠋ᠦ᠍ ᠲᠥᠷᠥᠭᠦᠯᠬᠦ ᠴᠢᠨᠦ ᠢᠲᠡᠭᠡᠯ᠂ ᠰᠡᠳᠬᠢᠯ ᠶᠤᠮ ᠬᠡᠮᠡᠭᠡᠳ ᠬᠤᠪᠢᠯᠠᠢ ᠶ᠋ᠢ ᠬᠠᠷᠠᠵᠤ᠂
— ᠬᠤᠪᠢᠯᠠᠢ ᠬᠦᠦ ᠮᠢᠨᠢ ᠤᠷᠲᠤ ᠭᠠᠵᠠᠷ ᠪᠢᠳᠡᠨ ᠡᠴᠡ ᠲᠡᠢᠮᠦ ᠴᠦ᠍ ᠠᠯᠤᠰ ᠬᠣᠯᠠ ᠪᠤᠰᠤ ᠤᠴᠢᠷ ᠲᠠᠯ᠎ᠠ ᠨᠤᠲᠤᠭ ᠲᠠᠭᠠᠨ ᠵᠣᠷᠢᠨ ᠢᠷᠡᠵᠦ ᠪᠠᠢᠬᠤ ᠪᠠᠨ ᠮᠠᠷᠲᠠᠵᠤ ᠪᠣᠯᠬᠤ ᠦᠭᠡᠢ᠃ ᠡᠵᠢ ᠶ᠋ᠢᠨ ᠬᠢᠨᠢ ᠰᠡᠳᠬᠢᠯ ᠢ᠋ ᠴᠢᠯᠡᠭᠡᠵᠦ ᠪᠠᠢᠭ᠎ᠠ ᠬᠥᠮᠦᠨ ᠪᠣᠯ ᠤᠳᠬᠤᠨ ᠳᠡᠭᠦᠦ ᠠᠷᠢᠬᠪᠥ᠋ᠬᠡ ᠴᠢᠨᠢ ᠶᠤᠮ᠃ ᠲᠡᠷᠡ ᠪᠠᠭ᠎ᠠ ᠬᠦᠦ ᠶ᠋ᠢᠨ ᠶᠣᠰᠣᠭᠠᠷ ᠭᠠᠯ ᠭᠣᠯᠣᠮᠲᠠ ᠪᠠᠨ ᠰᠠᠬᠢᠨ ᠦᠯᠡᠲᠡᠯ᠎ᠡ᠃ ᠠᠷᠢᠬᠪᠥ᠋ᠬᠡ ᠶ᠋ᠢ ᠪᠡᠨ ᠬᠠᠷᠠᠵᠤ ᠬᠠᠨᠳᠤᠵᠤ ᠶᠠᠪᠤᠭᠠᠷᠠᠢ᠃ ᠳᠡᠭᠦᠦ ᠪᠡᠨ ᠬᠠᠷᠠᠵᠤ ᠬᠠᠨᠳᠤᠵᠤ ᠶᠠᠪᠤᠨ᠎ᠠ ᠭᠡᠳᠡᠭ ᠭᠠᠯ ᠭᠣᠯᠣᠮᠲᠠ ᠪᠠᠨ ᠬᠠᠷᠠᠵᠤ ᠪᠣᠢ ᠬᠡᠷᠡᠭ ᠭᠡᠵᠦ ᠣᠢᠯᠠᠭᠠᠭᠠᠷᠠᠢ ᠭᠡᠮᠡᠨ ᠨᠡᠮᠡᠵᠦ ᠬᠡᠯᠡᠪᠡ᠃
ᠬᠠᠭᠠᠨ ᠡᠵᠡᠨᠲᠡᠨ ᠳ᠋ᠦ᠍ ᠬᠦᠨᠳᠦᠳᠬᠡᠯ ᠢᠯᠡᠷᠬᠡᠢᠯᠡᠬᠦ ᠪᠡᠷ ᠭᠠᠤᠯᠢ ᠤᠯᠤᠰ ᠤᠨ ᠸᠠᠩ ᠤᠨ ᠬᠦᠦ ᠪᠠᠷᠠᠯᠬᠠᠨ ᠢᠷᠡᠭᠰᠡᠨ ᠪᠠᠢᠨ᠎ᠠ ᠭᠡᠰᠡᠨ ᠮᠡᠳᠡᠭᠡ ᠶ᠋ᠢ ᠣᠷᠳᠣᠨ ᠤ᠋ ᠬᠠᠮᠠᠭᠠᠯᠠᠭᠴᠢ ᠳᠣᠭᠣᠯᠭᠠᠬᠤ ᠳ᠋ᠤ᠌ ᠭᠠᠳᠠᠨ᠎ᠠ ᠡᠴᠡ ᠥᠨᠳᠥᠷ ᠬᠠᠷ᠎ᠠ ᠮᠠᠯᠠᠭᠠᠢ᠂ ᠤᠯᠠᠭᠠᠨ ᠲᠣᠷᠭᠠᠨ ᠰᠣᠨᠢᠨ ᠰᠣᠳᠣᠨ ᠬᠤᠪᠴᠠᠰᠤ ᠡᠮᠦᠰᠦᠭᠰᠡᠨ᠂ ᠭᠤᠴᠢ ᠣᠷᠴᠢᠮ ᠨᠠᠰᠤᠨ ᠤ᠋ ᠬᠥᠮᠦᠨ ᠣᠷᠣᠵᠤ ᠢᠷᠡᠯ᠎ᠡ᠃ ᠲᠠᠯ᠎ᠠ ᠨᠤᠲᠤᠭ ᠲᠤ᠌ ᠤᠷᠢᠳ ᠡᠮᠦᠨ᠎ᠡ ᠦᠵᠡᠭᠳᠡᠵᠦ ᠬᠠᠷᠠᠭᠳᠠᠭ᠎ᠠ ᠦᠭᠡᠢ ᠥᠨᠳᠥᠷ ᠬᠠᠷ᠎ᠠ ᠮᠠᠯᠠᠭᠠᠢ ᠨᠢ ᠡᠲᠡᠭᠡᠳ ᠰᠣᠨᠢᠨ ᠰᠡᠷᠪᠡᠭᠡᠷ ᠠᠭᠠᠳ ᠬᠣᠶᠠᠷ ᠬᠠᠵᠠᠭᠤ ᠳᠡᠭᠡᠷ᠎ᠡ ᠪᠡᠨ ᠴᠢᠬᠢ ᠲᠡᠢ ᠪᠠᠢᠪᠠ᠃ ᠡᠮᠦᠨ᠎ᠡ ᠵᠦᠭ ᠦ᠋ᠨ ᠬᠣᠷᠭᠣᠢ ᠲᠣᠷᠭ᠎ᠠ ᠪᠠᠷ ᠨᠢᠭᠲᠠ ᠨᠢᠮᠪᠠᠢ ᠤᠷᠠᠯᠠᠭᠰᠠᠨ ᠲᠡᠭᠦᠨ ᠦ᠌ ᠬᠤᠪᠴᠠᠰᠤ ᠡᠳ᠋ᠯᠡᠯ ᠡᠷᠡᠭᠲᠡᠢ ᠬᠥᠮᠦᠨ ᠦ᠌ ᠬᠢ ᠭᠡᠬᠦ ᠡᠴᠡ ᠢᠯᠡᠭᠦᠦ ᠡᠮᠡᠭᠲᠡᠢ ᠬᠥᠮᠦᠨ ᠦ᠌ ᠬᠢ ᠲᠡᠢ ᠲᠤᠩ ᠲᠥᠰᠦᠭᠡᠲᠡᠢ ᠬᠠᠷᠠᠭᠳᠠᠨ᠎ᠠ᠃ ᠲᠠᠯ᠎ᠠ ᠨᠤᠲᠤᠭ ᠤᠨ ᠬᠢᠨ ᠦ᠌ ᠡᠮᠦᠰᠳᠡᠭ ᠲᠣᠮᠣ ᠢᠰᠡᠭᠡᠢ ᠭᠤᠲᠤᠯ ᠢ᠋ ᠪᠣᠳᠣᠪᠠᠯ ᠵᠠᠪᠢ ᠵᠢᠵᠢᠭᠬᠡᠨ ᠬᠥᠩᠭᠡᠨ ᠭᠤᠲᠤᠯ ᠡᠮᠦᠰᠴᠡᠢ᠃ ᠲᠡᠷᠡ ᠪᠡᠷ ᠮᠥᠩᠬᠡ ᠬᠠᠭᠠᠨ ᠡᠵᠡᠨ ᠳ᠋ᠦ᠍ ᠪᠠᠷᠠᠯᠬᠠᠨ ᠶᠡᠬᠡ ᠶᠣᠰᠣ ᠶ᠋ᠢ ᠦᠢᠯᠡᠳᠦᠭᠡᠳ ᠬᠠᠭᠠᠨ ᠡᠵᠡᠨ ᠬᠢᠭᠡᠳ ᠬᠠᠲᠤᠨ ᠡᠬᠡ ᠶ᠋ᠢᠨ ᠠᠮᠤᠷ ᠮᠡᠨᠳᠦ ᠶ᠋ᠢ ᠮᠡᠳᠡᠭᠰᠡᠨ ᠦ᠌ ᠳᠠᠷᠠᠭ᠎ᠠ᠂
—ᠡᠨᠡ ᠳᠡᠯᠡᠬᠡᠢ ᠶ᠋ᠢ ᠡᠵᠡᠷᠬᠡᠨ ᠰᠣᠶᠣᠷᠬᠠᠭᠴᠢ ᠡᠵᠡᠨᠲᠦ ᠭᠦᠷᠦᠨ ᠦ᠌ ᠶᠡᠬᠡ ᠬᠠᠭᠠᠨ ᠮᠥᠩᠬᠡ ᠲᠠᠨ ᠳ᠋ᠤ᠌ ᠭᠦᠨ ᠬᠦᠨᠳᠦᠳᠬᠡᠯ ᠢᠯᠡᠷᠬᠡᠢᠯᠡᠬᠦ ᠪᠡᠷ ᠭᠠᠤᠯᠢ ᠤᠯᠤᠰ ᠤᠨ ᠸᠠᠩ ᠤᠨ ᠬᠦᠦ ᠪᠢ ᠥᠪᠡᠷ ᠦ᠋ᠨ ᠪᠡᠶ᠎ᠡ ᠪᠡᠷ ᠠᠯᠪᠠᠲᠤ ᠠᠷᠠᠳ ᠢ᠋ᠶ᠋ᠠᠨ ᠳᠠᠭᠠᠭᠤᠯᠤᠨ ᠢᠷᠡᠯ᠎ᠡ᠃ ᠲᠠ ᠪᠦᠬᠦᠨ ᠮᠠᠨ ᠤ᠋ ᠤᠯᠤᠰ ᠲᠤ᠌ ᠢᠯᠡᠭᠡᠭᠰᠡᠨ ᠵᠠᠷᠯᠢᠭ ᠢ᠋ ᠲᠠᠨᠢ ᠳᠠᠭᠠᠬᠤ ᠪᠠᠨ ᠢᠯᠡᠷᠬᠡᠢᠯᠡᠨ᠂ ᠮᠠᠨ ᠤ᠋ ᠤᠯᠤᠰ ᠤᠨ ᠡᠷᠬᠢᠮ ᠸᠠᠩ᠂ ᠰᠠᠢᠳ ᠲᠦᠰᠢᠮᠡᠳ ᠬᠡᠯᠡᠯᠴᠡᠨ ᠦᠵᠡᠵᠦ᠂ ᠲᠠᠨ ᠤ᠋ ᠤᠯᠤᠰ ᠲᠤ᠌ ᠳᠠᠭᠠᠷ᠎ᠠ ᠣᠷᠣᠬᠤ ᠶ᠋ᠢ ᠵᠥᠪᠰᠢᠶᠡᠷᠡᠨ ᠰᠣᠶᠣᠷᠬᠠᠵᠤ᠂ ᠠᠷᠠᠳ ᠣᠯᠠᠨ ᠢ᠋ᠶ᠋ᠠᠨ ᠠᠮᠤᠷ ᠠᠮᠤᠭᠤᠯᠠᠩ ᠠᠮᠢᠳᠤᠷᠠᠭᠤᠯᠬᠤ ᠶ᠋ᠢᠨ ᠡᠭᠦᠳᠡᠨ ᠡᠴᠡ ᠬᠦᠰᠡᠯᠲᠡ ᠶ᠋ᠢ ᠲᠠᠨᠢ ᠬᠦᠯᠢᠶᠡᠨ ᠠᠪᠤᠭᠰᠠᠨ ᠢ᠋ᠶ᠋ᠠᠨ ᠢᠯᠡᠷᠬᠡᠢᠯᠡᠬᠦ ᠪᠡᠷ ᠢᠷᠡᠪᠡ ᠬᠡᠮᠡᠯ᠎ᠡ᠃ ᠮᠥᠩᠬᠡ ᠬᠠᠭᠠᠨ:
—ᠡᠮᠦᠨᠡᠲᠦ ᠰᠥᠩ ᠤᠯᠤᠰ ᠲᠤ᠌ ᠠᠶᠠᠨ ᠲᠡᠢᠨ ᠢ᠋ ᠡᠬᠢᠯᠡᠭᠦᠯᠬᠦ ᠪᠡᠷ ᠵᠡᠬᠡᠵᠦ ᠪᠠᠢᠭ᠎ᠠ ᠡᠨᠡ ᠦᠶ᠎ᠡ ᠳ᠋ᠦ᠍ ᠭᠠᠤᠯᠢ ᠤᠯᠤᠰ ᠪᠢᠳᠡᠨ ᠲᠡᠢ ᠬᠠᠷᠢᠯᠴᠠᠬᠤ ᠡᠩᠬᠡ ᠶ᠋ᠢᠨ ᠵᠠᠮ ᠢ᠋ ᠰᠣᠩᠭᠣᠨ᠂ ᠳᠠᠭᠠᠷ᠎ᠠ ᠣᠷᠣᠬᠤ ᠪᠠᠨ ᠮᠡᠳᠡᠭᠳᠡᠨ ᠢᠷᠡᠭᠰᠡᠨ ᠨᠢ ᠰᠠᠢᠨ ᠬᠡᠷᠡᠭ᠃ ᠡᠨᠡ ᠪᠣᠯ ᠴᠢᠰᠤ ᠤᠷᠤᠰᠬᠠᠬᠤ ᠦᠭᠡᠢ ᠨᠠᠢᠷᠠᠮᠳᠠᠬᠤ ᠭᠡᠰᠡᠨ ᠲᠠᠨ ᠤ᠋ ᠤᠯᠤᠰ ᠤᠨ ᠸᠠᠩ ᠤᠨ ᠴᠢᠬᠤᠯᠠ ᠰᠢᠢᠳᠪᠦᠷᠢ ᠲᠤᠯᠠ ᠬᠦᠨᠳᠦᠳᠬᠡᠨ ᠬᠦᠯᠢᠶᠡᠵᠦ ᠠᠪᠤᠯ᠎ᠠ᠃ ᠬᠣᠯᠠ ᠵᠠᠮ ᠢ᠋ ᠲᠤᠭᠤᠯᠤᠨ ᠢᠷᠡᠭᠰᠡᠨ ᠸᠠᠩ ᠤᠨ ᠬᠦᠦ ᠲᠠ ᠲᠠᠯ᠎ᠠ ᠨᠤᠲᠤᠭ ᠲᠤ᠌ ᠮᠢᠨᠢ ᠲᠤᠬᠠᠯᠠᠨ ᠰᠠᠭᠠᠲᠠᠨ᠎ᠠ ᠤᠤ ᠭᠡᠮᠡᠨ ᠬᠡᠯᠡᠪᠡ᠃
— ᠣᠯᠠᠨ ᠬᠥᠮᠦᠨ ᠦ᠌ ᠠᠮᠢ ᠨᠠᠰᠤ᠂ ᠶᠡᠬᠡ ᠬᠥᠯᠥᠰᠥ᠂ ᠴᠢᠰᠤ ᠪᠠᠷ ᠣᠯᠵᠤ ᠬᠤᠷᠢᠶᠠᠬᠤ ᠭᠠᠵᠠᠷ ᠨᠤᠲᠤᠭ ᠢ᠋ ᠡᠩᠬᠡ ᠶ᠋ᠢᠨ ᠵᠠᠮ ᠢ᠋ᠶ᠋ᠠᠷ ᠥᠪᠡᠷ ᠲᠡᠭᠡᠨ ᠨᠢᠭᠡᠳᠬᠡᠬᠦ ᠰᠠᠢᠬᠠᠨ ᠡᠬᠢᠯᠡᠯ ᠢ᠋ ᠭᠠᠤᠯᠢ ᠤᠯᠤᠰ ᠲᠠᠯᠪᠢᠵᠤ᠂ ᠲᠦᠳᠡ ᠤᠳᠠᠯ ᠦᠭᠡᠢ ᠠᠨᠨᠠᠮ ᠤᠯᠤᠰ ᠡᠴᠡ ᠮᠥᠩᠬᠡ ᠬᠠᠭᠠᠨ ᠳ᠋ᠤ᠌ ᠳᠠᠭᠠᠷ᠎ᠠ ᠣᠷᠣᠬᠤ ᠪᠠᠨ ᠮᠡᠳᠡᠭᠳᠡᠨ᠂ ᠭᠤᠷᠪᠠᠨ ᠵᠢᠯ ᠳ᠋ᠦ᠍ ᠨᠢᠭᠡ ᠤᠳᠠᠭ᠎ᠠ ᠠᠯᠪᠠ ᠭᠤᠪᠴᠢᠭᠤᠷ ᠥᠭᠴᠦ ᠪᠠᠢᠬᠤ ᠪᠠᠨ ᠠᠮᠠᠯᠠᠪᠠ᠃ ᠳᠠᠷᠠᠭᠠᠬᠠᠨ ᠨᠢ ᠬᠡᠳᠦ ᠬᠡᠳᠦᠨ ᠤᠯᠤᠰ ᠥᠪᠡᠷ ᠦ᠋ᠨ ᠡᠯᠴᠢ ᠲᠥᠯᠥᠭᠡᠯᠡᠭᠴᠢ ᠪᠡᠨ ᠬᠠᠷᠠᠬᠣᠷᠣᠮ ᠳ᠋ᠤ᠌ ᠢᠯᠡᠬᠡᠨ ᠡᠵᠡᠨᠲᠦ ᠭᠦᠷᠦᠨ ᠦ᠌ ᠮᠠᠲᠠᠯ ᠳ᠋ᠤ᠌ ᠢᠷᠡᠵᠦ ᠪᠠᠢᠭ᠎ᠠ ᠪᠠᠨ ᠢᠯᠡᠷᠬᠡᠢᠯᠡᠨ ᠡᠳ᠋ ᠪᠠᠶᠠᠯᠢᠭ᠂ ᠠᠯᠲᠠ ᠡᠷᠳᠡᠨᠢᠰ ᠶᠠᠪᠤᠭᠤᠯᠤᠭᠰᠠᠨ ᠪᠠᠢᠯ᠎ᠠ᠃ ᠡᠵᠡᠨᠲᠦ ᠭᠦᠷᠦᠨ ᠦ᠌ ᠭᠠᠵᠠᠷ ᠨᠤᠲᠤᠭ ᠢ᠋ ᠵᠠᠬᠢᠷᠤᠨ ᠰᠠᠭᠤᠭ᠎ᠠ ᠪᠦᠬᠦ ᠡᠮᠢᠷ (ᠵᠠᠷᠢᠮ ᠢᠰᠯᠠᠮ ᠱᠠᠰᠢᠨᠲᠤ ᠤᠯᠤᠰ ᠤᠨ ᠠᠬᠠᠮᠠᠳ ᠤᠨ ᠴᠣᠯᠠ) ᠨᠣᠶᠠᠳ᠂ ᠶᠡᠬᠡᠰ ᠳᠡᠭᠡᠳᠦᠰ᠂ ᠬᠠᠭᠠᠳ ᠬᠠᠲᠤᠳ ᠲᠡᠭᠦᠨ ᠳ᠋ᠦ᠍ ᠡᠢᠨ ᠬᠦ᠌ ᠢᠷᠡᠵᠦ ᠪᠠᠷᠠᠯᠬᠠᠬᠤ ᠨᠢ ᠦᠨᠡᠨ ᠰᠢᠳᠤᠷᠭᠤ ᠵᠢᠳᠬᠦᠯᠲᠡᠨ ᠭᠡᠳᠡᠭ ᠢ᠋ᠶ᠋ᠡᠨ ᠢᠯᠡᠳᠬᠡᠨ ᠬᠠᠷᠠᠭᠤᠯᠵᠤ ᠪᠠᠢᠵᠤ ᠰᠠᠶᠢ ᠬᠠᠭᠤᠴᠢᠨ ᠠᠵᠢᠯ ᠳ᠋ᠠᠭᠠᠨ ᠲᠣᠬᠣᠭᠠᠨ ᠲᠣᠮᠢᠯᠠᠭᠳᠠᠬᠤ ᠪᠣᠯᠵᠠᠢ᠃
ᠬᠠᠭᠠᠨ ᠤ᠋ ᠣᠷᠳᠣᠨ ᠳ᠋ᠤ᠌ ᠪᠠᠶᠠᠷ ᠬᠥᠷ ᠦᠷᠭᠦᠯᠵᠢᠯᠡᠨ᠎ᠡ᠃ ᠣᠯᠠᠨ ᠬᠣᠨᠣᠭ ᠤᠨ ᠬᠦᠨᠳᠦ ᠡᠳᠦᠷ ᠦ᠋ᠳ ᠦ᠋ᠨ ᠳᠤᠮᠳᠠ ᠰᠠᠢᠨ ᠮᠡᠳᠡᠭᠡ ᠰᠣᠨᠣᠰᠬᠤ ᠠᠶᠠᠨ ᠲᠡᠢᠨ ᠦ᠌ ᠣᠯᠵᠠ ᠣᠮᠣᠭ ᠲᠠᠢ ᠪᠤᠴᠠᠵᠤ ᠢᠷᠡᠬᠦ ᠠᠶᠠᠯᠭᠤ ᠰᠠᠢᠬᠠᠨ ᠳᠠᠭᠤᠤ ᠬᠤᠭᠤᠷ ᠤᠨ ᠬᠥᠭᠵᠢᠮ ᠳ᠋ᠦ᠍ ᠴᠡᠩᠭᠡᠬᠦ ᠦᠶ᠎ᠡ ᠳ᠋ᠦ᠍ ᠬᠠᠭᠠᠨ ᠤ᠋ ᠣᠷᠳᠣᠨ ᠡᠢᠮᠦ ᠰᠠᠢᠬᠠᠨ ᠳᠠᠭᠤ ᠱᠣᠣ ᠲᠠᠢ ᠪᠠᠢᠳᠠᠭ᠃ ᠮᠥᠩᠬᠡ ᠬᠠᠭᠠᠨ᠄
— ᠨᠠᠷᠭᠢᠶᠠᠨ ᠴᠡᠩᠭᠡᠭᠡᠨ ᠭᠡᠳᠡᠭ ᠤᠭ ᠲᠠᠭᠠᠨ ᠪᠣᠯ ᠬᠢᠬᠦ ᠠᠵᠢᠯ ᠦᠭᠡᠢ ᠬᠥᠮᠦᠨ ᠦ᠌ ᠬᠡᠷᠡᠭ ᠭᠡᠵᠦ ᠰᠠᠨᠠᠭᠳᠠᠳᠠᠭ ᠪᠠᠢᠭᠰᠠᠨ ᠴᠤ᠌ ᠡᠨᠡ ᠤᠳᠠᠭ᠎ᠠ ᠪᠠᠶᠠᠷ ᠬᠥᠷ ᠢ᠋ᠶ᠋ᠡᠨ ᠲᠡᠮᠳᠡᠭᠯᠡᠬᠦ ᠬᠡᠷᠡᠭᠲᠡᠢ ᠭᠡᠵᠦ ᠪᠣᠳᠣᠯ᠎ᠠ᠃ ᠬᠥᠯᠡᠬᠦ ᠳᠡᠭᠦᠦ ᠮᠢᠨᠢ᠂ ᠥᠨᠥ ᠮᠠᠷᠥ᠋ᠭᠣ᠋ ᠳ᠋ᠤ᠌ ᠢᠯ ᠬᠠᠭᠠᠨᠲᠤ ᠤᠯᠤᠰ ᠢ᠋ᠶ᠋ᠠᠨ ᠪᠠᠢᠭᠤᠯᠬᠤ ᠪᠣᠯᠵᠠᠢ᠃ ᠬᠤᠪᠢᠯᠠᠢ ᠮᠥᠨ ᠡᠮᠦᠨᠡᠲᠦ ᠭᠠᠵᠠᠷ ᠤᠨ ᠥᠷᠭᠡᠨ ᠠᠭᠤᠳᠠᠮ ᠨᠤᠲᠤᠭ ᠲᠤ᠌ ᠡᠵᠡᠨ ᠰᠠᠭᠤᠵᠤ᠂ ᠳᠡᠭᠦᠦ ᠠᠷᠢᠬᠪᠥ᠋ᠬᠡ ᠥᠨᠥ ᠡᠪᠦᠭᠡᠳ ᠦ᠋ᠨ ᠭᠠᠯ ᠭᠣᠯᠣᠮᠲᠠ ᠶ᠋ᠢ ᠰᠠᠬᠢᠨ ᠰᠠᠭᠤᠵᠤ᠂ ᠡᠵᠡᠨᠲᠦ ᠭᠦᠷᠦᠨ ᠦ᠌ ᠬᠠᠭᠠᠳ᠂ ᠶᠡᠬᠡᠰ ᠳᠡᠭᠡᠳᠦᠰ ᠪᠦᠭᠦᠳᠡ ᠥᠪᠡᠷ ᠥᠪᠡᠷ ᠦ᠋ᠨ ᠠᠯᠪᠠ ᠡᠭᠦᠷᠭᠡ ᠶ᠋ᠢ ᠴᠢᠩᠳᠠᠯᠠᠨ ᠪᠡᠶᠡᠯᠡᠭᠦᠯᠵᠦ ᠡᠬᠢᠯᠡᠭᠰᠡᠨ ᠲᠤᠯᠠ ᠪᠢᠳᠡ ᠰᠠᠨᠠᠭ᠎ᠠ ᠠᠮᠤᠷ ᠰᠠᠭᠤᠨ᠎ᠠ ᠭᠡᠬᠦ ᠳ᠋ᠦ᠍᠂ ᠰᠤᠷᠬᠠᠭᠳᠠᠨᠢ ᠬᠠᠲᠤᠨ᠄
— ᠬᠠᠲᠤᠨ ᠪᠢ ᠶᠡᠬᠡ ᠮᠣᠩᠭᠣᠯ ᠤᠯᠤᠰ᠂ ᠡᠵᠡᠨ ᠬᠠᠭᠠᠨ᠂ ᠡᠷ᠎ᠡ ᠨᠥᠬᠥᠷ᠂ ᠦᠷ᠎ᠡ ᠬᠡᠦᠬᠡᠳ ᠦ᠋ᠨ ᠢ᠋ᠶ᠋ᠡᠨ ᠡᠮᠦᠨ᠎ᠡ ᠬᠦᠯᠢᠶᠡᠭᠰᠡᠨ ᠡᠭᠦᠷᠭᠡ ᠪᠡᠨ ᠪᠡᠶᠡᠯᠡᠭᠦᠯᠦᠯ᠎ᠡ᠃ ᠥᠨᠥ ᠪᠢ ᠨᠠᠰᠤ ᠥᠨᠳᠥᠷ ᠪᠣᠯᠤᠭᠰᠠᠨ ᠲᠤᠯᠠ ᠬᠠᠭᠠᠨ ᠬᠥᠪᠡᠭᠦᠳ ᠢ᠋ᠶ᠋ᠡᠨ ᠢᠳᠡᠭᠡᠨ ᠰᠠᠭᠤᠵᠤ᠂ ᠲᠥᠷᠥ ᠶ᠋ᠢᠨ ᠬᠡᠷᠡᠭ ᠡᠴᠡ ᠬᠣᠯᠠᠳᠬᠤ ᠴᠠᠭ ᠢᠷᠡᠭᠰᠡᠨ ᠰᠠᠨᠠᠭᠳᠠᠨ᠎ᠠ᠃ ᠲᠡᠢᠮᠦ ᠶ᠋ᠢᠨ ᠲᠤᠯᠠ ᠬᠠᠭᠠᠨ ᠤ᠋ ᠶᠡᠬᠡ ᠬᠠᠲᠤᠨ ᠬᠤᠲᠤᠭᠲᠠᠢ ᠳ᠋ᠤ᠌ ᠶᠡᠬᠡ ᠬᠠᠲᠤᠨ ᠤ᠋ ᠡᠭᠦᠷᠭᠡ ᠶ᠋ᠢ ᠨᠢ ᠬᠦᠯᠢᠶᠡᠯᠭᠡᠨ ᠥᠭᠴᠦ ᠪᠠᠢᠨ᠎ᠠ᠃ ᠬᠠᠭᠠᠨ ᠲᠥᠷᠥ ᠶ᠋ᠢᠨ ᠬᠠᠲᠤᠨ ᠤᠬᠠᠭᠠᠨ ᠢ᠋ ᠳᠡᠭᠡᠳᠦᠯᠡᠨ᠂ ᠶᠡᠬᠡ ᠬᠠᠭᠠᠨ ᠤ᠋ ᠤᠨᠲᠠᠭᠰᠠᠨ ᠢ᠋ ᠰᠡᠷᠡᠭᠡᠵᠦ᠂ ᠤᠮᠠᠷᠲᠠᠭᠰᠠᠨ ᠢ᠋ ᠰᠠᠨᠠᠭᠤᠯᠵᠤ ᠶᠠᠪᠤᠬᠤ ᠪᠠᠨ ᠮᠠᠲᠠᠨᠠᠮ ᠪᠢᠵᠡ ᠭᠡᠮᠡᠨ ᠬᠡᠯᠡᠪᠡ᠃
ᠬᠠᠭᠠᠨ ᠤ᠋ ᠣᠷᠳᠣᠨ ᠳ᠋ᠤ᠌ ᠪᠣᠯᠤᠭᠰᠠᠨ ᠪᠠᠶᠠᠷ ᠴᠡᠩᠭᠡᠯ ᠦ᠋ᠨ ᠳᠠᠷᠠᠭ᠎ᠠ ᠰᠣᠷᠬᠠᠭᠲᠠᠨᠢ ᠬᠠᠲᠤᠨ ᠮᠥᠩᠬᠡ ᠶ᠋ᠢᠨ ᠶᠡᠬᠡ ᠬᠠᠲᠤᠨ ᠬᠤᠲᠤᠭᠲᠠᠢ ᠶ᠋ᠢᠨ ᠦᠷᠭᠦᠭᠡᠨ ᠳ᠋ᠦ᠍ ᠮᠣᠷᠢᠯᠠᠪᠠ᠃ ᠬᠠᠲᠤᠨ ᠡᠬᠡ ᠶ᠋ᠢᠨ ᠣᠷᠣᠵᠤ ᠢᠷᠡᠬᠦ ᠰᠦᠷ ᠪᠠᠷ᠎ᠠ ᠪᠠᠷ ᠬᠤᠲᠤᠭᠲᠠᠢ ᠶᠠᠭᠠᠷᠠᠨ ᠪᠣᠰᠴᠤ ᠬᠦᠨᠳᠦᠳᠬᠡᠯ ᠦᠵᠡᠭᠦᠯᠦᠯ᠎ᠡ᠃ ᠰᠤᠷᠬᠠᠭᠲᠠᠨᠢ ᠬᠠᠲᠤᠨ ᠮᠡᠨᠳᠦ ᠤᠰᠤ ᠪᠠᠨ ᠮᠡᠳᠡᠨ ᠬᠡᠰᠡᠭ ᠰᠠᠭᠤᠭᠰᠠᠨ ᠤ᠋ ᠳᠠᠷᠠᠭ᠎ᠠ᠂
— ᠪᠢ ᠲᠡᠷᠡ ᠨᠢᠭᠡᠨ ᠴᠠᠭ ᠲᠤ᠌ ᠶᠡᠬᠡ ᠡᠵᠡᠨ ᠬᠠᠭᠠᠨ ᠤ᠋ ᠭᠠᠯ ᠭᠣᠯᠣᠮᠲᠠ ᠳ᠋ᠤ᠌ ᠢᠷᠡᠵᠦ ᠬᠠᠭᠠᠨ ᠤ᠋ ᠥᠨᠳᠥᠷ ᠪᠣᠱᠣᠭ᠎ᠠ ᠪᠠᠷ ᠳᠠᠪᠠᠭᠰᠠᠨ ᠤ᠋ ᠳᠠᠷᠠᠭ᠎ᠠ ᠡᠨᠡ ᠠᠮᠢᠳᠤᠷᠠᠯ ᠪᠦᠬᠦᠯᠢ ᠳ᠋ᠡᠭᠡᠨ ᠡᠷ᠎ᠡ ᠬᠥᠮᠦᠨ ᠦ᠌ ᠬᠦᠴᠦᠨ ᠳᠣᠣᠷ᠎ᠠ ᠪᠦᠷᠢᠳᠳᠡᠭ ᠴᠤ᠌ ᠡᠮ᠎ᠡ ᠬᠥᠮᠦᠨ ᠦ᠌ ᠤᠬᠠᠭᠠᠨ ᠳᠣᠣᠷ᠎ᠠ ᠪᠠᠭᠲᠠᠳᠠᠭ ᠭᠡᠳᠡᠭ ᠢ᠋ ᠣᠢᠯᠠᠭᠠᠵᠤ ᠠᠪᠤᠭᠰᠠᠨ ᠶᠤᠮ᠃ ᠲᠡᠷᠡ ᠴᠠᠭ ᠲᠤ᠌ ᠠᠮᠢᠳᠤ ᠰᠡᠷᠡᠭᠦᠨ ᠪᠠᠢᠭᠰᠠᠨ ᠡᠬᠡ ᠬᠠᠲᠤᠳ ᠨᠠᠳᠠ ᠳ᠋ᠤ᠌ ᠡᠭᠦᠨ ᠢ᠋ ᠵᠢᠭᠠᠵᠤ ᠰᠤᠷᠭᠠᠭᠰᠠᠨ ᠬᠡᠷᠡᠭ ᠭᠡᠮᠡᠨ ᠶᠠᠷᠢᠵᠤ ᠡᠬᠢᠯᠡᠪᠡ᠃ ᠰᠤᠷᠬᠠᠭᠲᠠᠨᠢ ᠬᠠᠲᠤᠨ ᠦᠷᠭᠦᠯᠵᠢᠯᠡᠭᠦᠯᠦᠨ᠄
— ᠮᠥᠩᠬᠡ ᠲᠩᠷᠢ ᠴᠢᠮ᠎ᠠ ᠳ᠋ᠤ᠌ ᠬᠤᠪᠢ ᠬᠠᠢᠷᠠᠯᠠᠵᠤ᠂ ᠴᠢ ᠡᠵᠡᠨᠲᠦ ᠭᠦᠷᠦᠨ ᠦ᠌ ᠶᠡᠬᠡ ᠬᠠᠲᠤᠨ ᠪᠣᠯᠤᠯ᠎ᠠ᠃ ᠪᠢ ᠴᠢᠮ᠎ᠠ ᠳ᠋ᠤ᠌ ᠢᠲᠡᠭᠡᠵᠦ ᠪᠠᠢᠨ᠎ᠠ᠃ ᠬᠠᠷᠢᠨ ᠬᠠᠲᠤᠨ ᠡᠬᠡ ᠶ᠋ᠢᠨ ᠬᠤᠪᠢ ᠪᠠᠷ ᠪᠤᠰᠤ᠂ ᠡᠮᠡᠭᠲᠡᠢ ᠬᠥᠮᠦᠨ ᠦ᠌ ᠶᠣᠰᠣ ᠪᠠᠷ ᠬᠡᠯᠡᠬᠦ ᠵᠦᠢᠯ ᠣᠯᠠᠨ ᠰᠠᠨᠠᠭᠳᠠᠨ᠎ᠠ ᠭᠡᠪᠡ᠃ ᠬᠤᠲᠤᠭᠲᠠᠢ᠄
— ᠬᠠᠲᠤᠨ ᠡᠬᠡ ᠲᠠ ᠬᠡᠯᠡᠵᠦ ᠠᠢᠯᠠᠳ᠃ ᠪᠢ ᠡᠨᠡ ᠠᠮᠢᠳᠤᠷᠠᠯ ᠳ᠋ᠤ᠌ ᠥᠪᠡᠷ ᠦ᠋ᠨ ᠡᠬᠡ ᠪᠡᠨ ᠡᠷᠲᠡ ᠠᠯᠳᠠᠭᠰᠠᠨ ᠴᠤ᠌ ᠲᠠᠨ ᠢ᠋ ᠣᠯᠵᠤ ᠠᠪᠤᠭᠰᠠᠨ᠃ ᠲᠠ ᠪᠣᠯ ᠮᠢᠨᠦ ᠬᠥᠯ ᠢ᠋ ᠬᠤᠴᠢᠵᠤ ᠥᠰᠬᠡᠭᠡ ᠦᠭᠡᠢ ᠴᠤ᠌ ᠤᠬᠠᠭᠠᠨ ᠢ᠋ ᠲᠠᠨᠢᠭᠤᠯᠵᠤ ᠰᠤᠷᠭᠠᠭᠰᠠᠨ ᠬᠥᠮᠦᠨ ᠲᠤᠯᠠ ᠡᠬᠡ ᠶ᠋ᠢᠨ ᠦᠭᠡ ᠶ᠋ᠢ ᠰᠣᠨᠣᠰᠤᠯ ᠦᠭᠡᠢ ᠶᠠᠭᠠᠬᠢᠬᠤ ᠪᠢᠯᠡ ᠬᠡᠮᠡᠪᠡ᠃ ᠰᠤᠷᠬᠠᠭᠲᠠᠨᠢ ᠬᠠᠲᠤᠨ᠄
ᠨᠠᠰᠤ ᠨᠡᠮᠡᠵᠦ ᠠᠮᠢᠳᠤᠷᠠᠯ ᠤᠨ ᠤᠬᠠᠭᠠᠨ ᠢ᠋ ᠡᠷᠭᠢᠴᠡᠭᠦᠯᠦᠨ ᠪᠣᠳᠣᠬᠤ ᠶ᠋ᠢᠨ ᠬᠢᠷᠢ ᠪᠡᠷ ᠡᠮᠡᠭᠲᠡᠢ ᠬᠥᠮᠦᠨ ᠦ᠌ ᠡᠨᠡ ᠣᠷᠴᠢᠯᠠᠩ ᠳ᠋ᠤ᠌ ᠢᠷᠡᠭᠰᠡᠨ ᠡᠭᠦᠷᠭᠡ ᠶ᠋ᠢ ᠤᠯᠠᠮ ᠪᠦᠷ ᠣᠢᠯᠠᠭᠠᠬᠤ ᠰᠢᠭ᠋ ᠪᠣᠯᠬᠤ ᠶᠤᠮ᠃ ᠲᠥᠷᠥ ᠶ᠋ᠢᠨ ᠬᠠᠲᠤᠨ ᠴᠤ᠌ ᠲᠡᠷᠡ ᠶᠠᠳᠠᠭᠤ ᠠᠷᠠᠳ ᠴᠤ᠌ ᠲᠡᠷᠡ ᠡᠨᠡ ᠠᠮᠢᠳᠤᠷᠠᠯ ᠤᠨ ᠡᠮᠦᠨ᠎ᠡ ᠬᠦᠯᠢᠶᠡᠬᠦ ᠡᠩ ᠦ᠋ᠨ ᠨᠢᠭᠡ ᠡᠭᠦᠷᠭᠡ ᠪᠣᠯ ᠡᠬᠡ ᠬᠥᠮᠦᠨ ᠦ᠌ ᠡᠭᠦᠷᠭᠡ ᠶᠤᠮ᠃ ᠵᠢᠷᠭᠠᠯ ᠴᠡᠩᠭᠡᠯ ᠦ᠋ᠨ ᠳᠤᠮᠳᠠ ᠴᠤ᠌ ᠂ ᠬᠦᠨᠳᠦ ᠬᠡᠴᠡᠭᠦᠦ ᠶ᠋ᠢᠨ ᠳᠤᠮᠳᠠ ᠴᠤ᠌ ᠂ ᠬᠡᠵᠢᠶᠡᠳᠡ ᠣᠷᠬᠢᠵᠤ ᠪᠣᠯᠬᠤ ᠦᠭᠡᠢ ᠵᠦᠢᠯ ᠪᠣᠯ ᠦᠷ᠎ᠡ ᠬᠡᠦᠬᠡᠳ᠂ ᠴᠢᠨᠠᠭᠰᠢᠳᠠ ᠪᠠᠨ ᠬᠡᠨ ᠪᠣᠯᠵᠤ ᠥᠰᠬᠦ ᠨᠢ ᠡᠬᠡ ᠡᠴᠡ ᠪᠡᠨ ᠰᠢᠯᠲᠠᠭᠠᠯᠠᠨ᠎ᠠ᠃ ᠪᠢ ᠨᠠᠰᠤ ᠥᠨᠳᠥᠷ ᠪᠣᠯᠵᠤ ᠲᠥᠷᠥ ᠶ᠋ᠢᠨ ᠬᠡᠷᠡᠭ ᠢ᠋ ᠣᠷᠬᠢᠪᠠ᠃ ᠰᠡᠭᠦᠯ ᠦ᠋ᠨ ᠦᠶ᠎ᠡ ᠳ᠋ᠦ᠍ ᠲᠡᠷᠲᠡᠭᠡ ᠳ᠋ᠦ᠍ ᠦᠯᠡᠳᠡᠭᠰᠡᠨ ᠠᠮᠢᠳᠤᠷᠠᠯ᠂ ᠲᠡᠷᠡᠬᠡᠨ ᠪᠠᠭ᠎ᠠ ᠨᠠᠰᠤ ᠮᠢᠨᠢ ᠨᠢᠳᠦᠨ ᠦ᠌ ᠡᠮᠦᠨᠡᠭᠦᠷ ᠡᠭᠡᠯᠵᠢᠯᠡᠨ ᠦᠵᠡᠭᠳᠡᠬᠦ ᠪᠣᠯᠤᠯ᠎ᠠ᠃ ᠲᠠᠯ᠎ᠠ ᠨᠤᠲᠤᠭ ᠨᠠᠮᠠᠶ᠋ᠢ ᠳᠠᠭᠤᠳᠠᠭᠠᠳ ᠪᠠᠢᠬᠤ ᠰᠢᠭ᠋ ᠰᠠᠨᠠᠭᠳᠠᠬᠤ ᠶᠤᠮ᠃ ᠣᠢᠷ᠎ᠠ ᠡᠴᠡ ᠬᠠᠭᠠᠨ ᠤ᠋ ᠣᠷᠳᠣᠨ ᠡᠴᠡ ᠶᠠᠪᠤᠵᠤ᠂ ᠲᠠᠯ᠎ᠠ ᠨᠤᠲᠤᠭ ᠲᠠᠭᠠᠨ ᠨᠡᠭᠦᠳᠡᠯᠯᠡᠨ ᠠᠮᠢᠳᠤᠷᠠᠬᠤ ᠰᠠᠨᠠᠭ᠎ᠠ ᠲᠠᠢ ᠪᠠᠢᠨ᠎ᠠ᠃ ᠪᠢ ᠡᠨᠡ ᠣᠷᠳᠣᠨ ᠡᠴᠡ ᠶᠠᠪᠤᠵᠤ ᠪᠠᠢᠭ᠎ᠠ ᠬᠡᠳᠦᠢ ᠴᠦ᠍ ᠥᠪᠡᠷ ᠦ᠋ᠨ ᠪᠡᠷᠢ ᠪᠡᠨ ᠦᠯᠡᠳᠡᠭᠡᠵᠦ ᠪᠠᠢᠭ᠎ᠠ ᠭᠡᠵᠦ ᠢᠳᠡᠭᠡᠨ ᠰᠠᠨᠠᠭ᠎ᠠ ᠠᠮᠤᠷ ᠪᠠᠢᠬᠤ ᠲᠤᠯᠠ ᠥᠬᠢᠨ ᠮᠢᠨᠢ ᠡᠬᠡ ᠶ᠋ᠢᠨ ᠢ᠋ᠶ᠋ᠡᠨ ᠢᠲᠡᠭᠡᠯ ᠢ᠋ ᠳᠠᠭᠠᠭᠠᠨ᠎ᠠ ᠭᠡᠳᠡᠭ ᠲᠦ᠍ ᠢᠲᠡᠭᠡᠵᠦ ᠪᠠᠢᠨ᠎ᠠ ᠭᠡᠵᠦ ᠵᠠᠬᠢᠯ᠎ᠠ᠃
ᠳᠠᠷᠠᠭᠠᠬᠠᠨ ᠨᠢ ᠮᠥᠩᠬᠡ ᠬᠠᠭᠠᠨ ᠡᠬᠡ ᠶ᠋ᠢᠨ ᠢ᠋ᠶ᠋ᠡᠨ ᠬᠦᠰᠡᠯᠲᠡ ᠶ᠋ᠢ ᠰᠣᠨᠣᠰᠤᠭᠠᠳ《ᠬᠦᠢᠲᠡᠨ ᠦ᠌ ᠡᠷᠴᠢ ᠴᠢᠩᠭᠠᠷᠠᠵᠤ ᠪᠠᠢᠨ᠎ᠠ᠂ ᠴᠠᠭ ᠳᠠᠯᠪᠢᠷᠠᠬᠤ ᠶ᠋ᠢ ᠬᠦᠯᠢᠶᠡᠵᠦ ᠪᠣᠯᠬᠤ ᠦᠭᠡᠢ ᠤᠤ》 ᠭᠡᠵᠦ ᠬᠡᠯᠡᠭᠰᠡᠨ ᠪᠣᠯᠪᠠᠴᠤ ᠤᠳᠠᠭ᠎ᠠ ᠳᠠᠷᠠᠭ᠎ᠠ ᠰᠢᠮᠳᠠᠭᠤᠯᠤᠨ ᠪᠠᠢᠭ᠎ᠠ ᠬᠦᠰᠡᠯ ᠢ᠋ ᠨᠢ ᠠᠷᠭ᠎ᠠ ᠪᠤᠶᠤ ᠵᠥᠪᠰᠢᠶᠡᠷᠡᠵᠦ᠂ ᠬᠠᠷᠠᠬᠣᠷᠣᠮ ᠡᠴᠡ ᠠᠷᠪᠠᠨ ᠡᠳᠦᠷ ᠦ᠋ᠨ ᠵᠠᠢ ᠳ᠋ᠤ᠌ ᠢᠳᠡᠷ ᠭᠣᠣᠯ ᠤᠨ ᠬᠥᠪᠡᠭᠡᠨ ᠳᠡᠭᠡᠷ᠎ᠡ ᠨᠢᠭᠡᠨ ᠶᠡᠬᠡ ᠤᠷᠲᠤ ᠥᠷᠭᠥᠭᠡ ᠶ᠋ᠢ ᠪᠣᠰᠬᠠᠭᠤᠯᠪᠠ᠃ ᠡᠨᠡ ᠦᠶ᠎ᠡ ᠳ᠋ᠦ᠍ ᠡᠪᠦᠯ ᠦ᠋ᠨ ᠡᠬᠢᠨ ᠰᠠᠷ᠎ᠠ ᠭᠠᠷᠴᠤ ᠪᠠᠢᠯ᠎ᠠ᠃ ᠰᠤᠷᠬᠠᠭᠲᠠᠨᠢ ᠬᠠᠲᠤᠨ ᠤ᠋ ᠨᠡᠭᠦᠳᠡᠯ ᠦ᠋ᠨ ᠥᠷᠭᠥᠭᠡ ᠢᠳᠡᠷ ᠭᠣᠣᠯ ᠤᠨ ᠣᠷᠳᠣᠨ ᠳ᠋ᠤ᠌ ᠢᠷᠡᠬᠦᠢ ᠳ᠋ᠦ᠍ ᠡᠳᠦᠷ ᠳᠤᠮᠳᠠ ᠶ᠋ᠢᠨ ᠨᠠᠷᠠ ᠳᠡᠭᠡᠷ᠎ᠡ ᠡᠴᠡ ᠲᠥᠭᠡᠨᠡᠨ ᠪᠠᠢᠭᠰᠠᠨ ᠬᠡᠳᠦᠢ ᠴᠦ᠍ ᠴᠠᠭᠠᠨ᠎ᠠ ᠪᠠᠨ ᠯᠠ ᠵᠢᠩᠳᠡᠭᠦᠦ ᠬᠦᠢᠲᠡᠨ ᠴᠠᠭ ᠤᠨ ᠳᠣᠬᠢᠶ᠎ᠠ ᠬᠡᠳᠦᠢᠨ ᠢᠷᠡᠵᠡᠢ᠃ ᠡᠨᠡ ᠭᠠᠵᠠᠷ ᠲᠤ᠌ ᠭᠣᠣᠯ ᠤᠨ ᠤᠰᠤ ᠵᠠᠢᠷᠮᠠᠭᠳᠠᠨ ᠬᠥᠯᠳᠡᠭᠰᠡᠨ ᠴᠦ᠍ ᠴᠠᠰᠤ ᠪᠠᠭ᠎ᠠ ᠤᠨᠠᠭᠰᠠᠨ ᠪᠣᠯᠤᠯᠲᠠᠢ᠂ ᠭᠠᠵᠠᠷ ᠴᠣᠬᠣᠷᠳᠠᠨ ᠬᠠᠷᠠᠭᠳᠠᠨ᠎ᠠ᠃
ᠰᠤᠷᠬᠠᠭᠲᠠᠨᠢ ᠬᠠᠭᠠᠨ ᠤ᠋ ᠪᠠᠷᠢᠭᠤᠯᠤᠭᠰᠠᠨ ᠤᠷᠲᠤ ᠦᠷᠭᠦᠭᠡᠨ ᠦ᠌ ᠡᠭᠦᠳᠡᠨ ᠳ᠋ᠦ᠍ ᠠᠵᠢᠨ ᠤ᠋ ᠬᠠᠮᠲᠤ ᠵᠣᠭᠰᠣᠨ᠎ᠠ᠃ ᠬᠠᠲᠤᠨ ᠤ᠋ ᠳᠠᠭᠠᠭᠤᠯ ᠬᠡᠰᠢᠭᠲᠡᠨ ᠴᠡᠷᠢᠭ ᠦ᠋ᠳ ᠣᠷᠳᠣᠨ ᠤ᠋ ᠣᠢᠷ᠎ᠠ ᠣᠷᠴᠢᠮ ᠢ᠋ ᠪᠦᠴᠢᠨ ᠬᠦᠷᠢᠶᠡᠯᠡᠵᠡᠢ᠃ ᠲᠡᠷᠡ ᠪᠡᠷ ᠬᠠᠩᠭᠠᠢ ᠳᠡᠯᠡᠬᠡᠢ ᠶ᠋ᠢᠨ ᠰᠠᠢᠬᠠᠨ ᠢ᠋ ᠪᠠᠬᠠᠳᠤᠨ ᠬᠠᠷᠠᠵᠤ ᠪᠠᠢᠬᠤ ᠰᠢᠭ᠋ ᠳᠡᠭᠡᠷ᠎ᠡ ᠡᠴᠡ ᠲᠤᠰᠤᠭᠰᠠᠨ ᠨᠠᠷᠠᠨ ᠤ᠋ ᠭᠡᠷᠡᠯ ᠢ᠋ ᠰᠠᠷᠠᠪᠴᠢᠯᠠᠨ ᠠᠯᠤᠰ ᠲᠡᠷᠲᠡᠭᠡ ᠤᠷᠤᠭᠤ ᠬᠠᠷᠠᠨ᠎ᠠ᠃ ᠬᠠᠲᠤᠨ ᠤ᠋ ᠪᠠᠨ ᠬᠠᠵᠠᠭᠤ ᠳ᠋ᠤ᠌ ᠬᠡᠰᠡᠭ ᠵᠣᠭᠰᠣᠭᠰᠠᠨ ᠠᠵᠢᠨ᠂
—ᠬᠠᠲᠤᠨ ᠲᠠ ᠵᠢᠩᠳᠡᠬᠦ ᠦᠭᠡᠢ ᠪᠠᠢᠨ᠎ᠠ ᠤᠤ? ᠳᠣᠲᠣᠭᠰᠢ ᠣᠷᠣᠵᠤ ᠳᠤᠯᠠᠭᠠᠴᠠᠪᠠᠯ ᠰᠠᠢᠨ ᠰᠠᠨ᠃ ᠪᠢᠳᠡ ᠥᠷᠭᠥᠭᠡ ᠶ᠋ᠢ ᠳᠤᠯᠠᠭᠠᠴᠠᠭᠤᠯᠵᠤ᠂ ᠲᠠᠨ ᠢ᠋ ᠠᠮᠠᠷᠠᠬᠤ ᠳ᠋ᠤ᠌ ᠪᠡᠯᠡᠨ ᠪᠣᠯᠭᠠᠭᠰᠠᠨ ᠭᠡᠵᠦ ᠬᠡᠯᠡᠪᠡ᠃ ᠰᠤᠷᠬᠠᠭᠲᠠᠨᠢ ᠬᠠᠲᠤᠨ ᠠᠵᠢᠨ ᠤ᠋ ᠦᠭᠡ ᠶ᠋ᠢ ᠰᠣᠨᠣᠰᠤᠭᠰᠠᠨ ᠦᠭᠡᠢ ᠪᠣᠯᠤᠯᠲᠠᠢ᠂ ᠶᠠᠮᠠᠷ ᠨᠢᠭᠡᠨ ᠵᠦᠢᠯ ᠢ᠋ ᠰᠣᠨᠢᠭᠤᠴᠢᠷᠬᠠᠨ ᠬᠠᠷᠠᠵᠤ ᠲᠡᠭᠦᠨ ᠳ᠋ᠡᠭᠡᠨ ᠬᠥᠲᠥᠯᠦᠭᠳᠡᠨ ᠶᠠᠪᠤᠬᠤ ᠬᠡᠦᠬᠡᠳ ᠰᠢᠭ ᠭᠣᠣᠯ ᠤᠨ ᠵᠦᠭ ᠠᠯᠬᠤᠯ᠎ᠠ᠃ ᠠᠷᠤ ᠡᠴᠡ ᠨᠢ ᠠᠵᠢᠨ ᠰᠠᠨᠳᠤᠷᠤᠨ ᠢᠷᠡᠵᠦ ᠪᠤᠯᠠᠭᠠᠨ ᠳᠠᠬᠤ ᠨᠥᠮᠥᠷᠦᠭᠦᠯᠪᠡ᠃ ᠰᠤᠷᠬᠠᠭᠲᠠᠨᠢ ᠴᠠᠭᠠᠰᠢ ᠠᠯᠬᠤᠭᠰᠠᠭᠠᠷ ᠭᠣᠣᠯ ᠤᠨ ᠡᠷᠭᠢ ᠳᠡᠭᠡᠷ᠎ᠡ ᠣᠴᠢᠵᠤ ᠵᠣᠭᠰᠣᠯ᠎ᠠ᠃
—ᠲᠠᠯ᠎ᠠ ᠨᠤᠲᠤᠭ ᠤᠨ ᠮᠢᠨᠢ ᠠᠭᠠᠷ ᠬᠦᠷᠲᠡᠯ᠎ᠡ ᠰᠠᠢᠬᠠᠨ ᠰᠢᠦ ᠭᠡᠵᠦ ᠬᠡᠯᠡᠭᠡᠳ ᠭᠦᠨᠵᠡᠭᠡᠢ ᠠᠮᠢᠰᠬᠤᠯᠯᠠᠪᠠ᠃ ᠬᠠᠲᠤᠨ ᠤ᠋ ᠪᠠᠢᠷᠢ ᠪᠠᠢᠳᠠᠯ ᠢ᠋ ᠠᠵᠢᠭᠯᠠᠵᠤ ᠵᠣᠭᠰᠣᠭᠰᠠᠨ ᠠᠵᠢᠨ᠄
—ᠭᠠᠳᠠᠭ᠎ᠠ ᠬᠦᠢᠲᠡᠨ ᠪᠠᠢᠨ᠎ᠠ᠃ ᠣᠲᠠᠴᠢ ᠲᠠᠨ ᠢ᠋ ᠲᠠᠭᠠᠷᠠᠵᠤ ᠪᠣᠯᠬᠤ ᠦᠭᠡᠢ ᠭᠡᠵᠦ ᠬᠡᠯᠡᠭᠰᠡᠨ ᠰᠢᠦ ᠭᠡᠪᠡ᠃ ᠰᠤᠷᠬᠠᠭᠲᠠᠨᠢ ᠬᠠᠲᠤᠨ᠄
—ᠪᠢᠳᠡᠨ ᠦ᠌ ᠨᠤᠲᠤᠭ ᠵᠢᠯ ᠦ᠋ᠨ ᠳᠥᠷᠪᠡᠨ ᠤᠯᠠᠷᠢᠯ ᠲᠠᠢ᠂ ᠪᠢ ᠡᠪᠦᠯ ᠴᠠᠭ ᠲᠤ᠌ ᠢᠯᠡᠭᠦᠦ ᠳᠤᠷᠠᠲᠠᠢ᠂ ᠡᠪᠦᠯ ᠴᠠᠭ ᠡᠨᠡ ᠳᠥᠷᠪᠡᠨ ᠤᠯᠠᠷᠢᠯ ᠤᠨ ᠬᠠᠮᠤᠭ ᠤᠨ ᠬᠡᠴᠡᠭᠦᠦ ᠨᠢ ᠭᠡᠪᠡᠴᠦ ᠳᠠᠷᠠᠭ᠎ᠠ ᠨᠢ ᠤᠷᠢᠨ ᠴᠠᠭ ᠢᠷᠡᠬᠦ ᠶ᠋ᠢ ᠮᠡᠳᠡᠳᠡᠭ ᠤᠴᠢᠷ ᠲᠡᠭᠦᠨ ᠢ᠋ ᠳᠠᠪᠠᠨ ᠲᠤᠭᠤᠯᠤᠨ᠎ᠠ ᠭᠡᠳᠡᠭ ᠢ᠋ᠶ᠋ᠡᠨ ᠴᠦ᠍ ᠮᠡᠳᠡᠳᠡᠭ ᠬᠡᠷᠡᠭ᠃ ᠠᠮᠢᠳᠤᠷᠠᠯ ᠴᠤ᠌ ᠢᠯᠭᠠᠭ᠎ᠠ ᠦᠭᠡᠢ᠃ ᠡᠨᠡ ᠡᠪᠦᠯ ᠰᠢᠭ ᠬᠦᠨᠳᠦ ᠬᠡᠴᠡᠭᠦᠦ ᠪᠠᠢᠭᠰᠠᠨ ᠴᠤ᠌ ᠳᠠᠷᠠᠭ᠎ᠠ ᠨᠢ ᠰᠠᠢᠨ ᠰᠠᠢᠬᠠᠨ ᠡᠳᠦᠷ ᠢ᠋ ᠵᠠᠪᠠᠯ ᠠᠪᠴᠤ ᠢᠷᠡᠳᠡᠭ ᠤᠴᠢᠷ ᠲᠠᠢ ᠬᠡᠮᠡᠯ᠎ᠡ᠃
—ᠬᠠᠲᠤᠨ ᠲᠠ ᠬᠠᠭᠠᠨ ᠡᠵᠡᠨ ᠦ᠌ ᠬᠡᠯᠡᠭᠰᠡᠨ ᠶᠣᠰᠣᠭᠠᠷ ᠤᠷᠢᠨ ᠴᠠᠭ ᠢ᠋ ᠬᠦᠯᠢᠶᠡᠯ ᠦᠭᠡᠢ ᠨᠠᠭᠠᠰᠢ ᠨᠡᠭᠦᠨ ᠢᠷᠡᠭᠰᠡᠨ ᠢ᠋ ᠪᠢ ᠭᠠᠢᠬᠠᠵᠤ ᠶᠠᠪᠤᠯ᠎ᠠ᠃ ᠬᠠᠷᠢᠨ ᠣᠳᠣ ᠲᠠᠨ ᠤ᠋ ᠰᠡᠳᠬᠢᠯ ᠢ᠋ ᠣᠢᠯᠠᠭᠠᠯ᠎ᠠ ᠭᠡᠬᠦ ᠳ᠋ᠦ᠍᠂
—ᠴᠢ ᠨᠠᠮᠠᠶ᠋ᠢ ᠣᠢᠯᠠᠭᠠᠭᠰᠠᠨ ᠦᠭᠡᠢ᠂ ᠨᠠᠳᠠ ᠳ᠋ᠤ᠌ ᠣᠷᠳᠣᠨ ᠡᠴᠡ ᠶᠠᠪᠤᠬᠤ ᠥᠭᠡᠷ᠎ᠡ ᠰᠢᠯᠲᠠᠭ ᠪᠠᠢᠭᠰᠠᠨ ᠭᠡᠵᠦ ᠬᠡᠯᠡᠪᠡ᠃ ᠠᠵᠢᠨ ᠬᠠᠲᠤᠨ ᠤ᠋ ᠦᠭᠡ ᠶ᠋ᠢ ᠤᠬᠠᠵᠤ ᠣᠢᠯᠠᠭᠠᠭᠰᠠᠨ ᠦᠭᠡᠢ ᠴᠦ᠍ ᠠᠰᠠᠭᠤᠵᠤ ᠵᠢᠷᠦᠬᠡᠯᠡᠭᠰᠡᠨ ᠦᠭᠡᠢ᠃
ᠲᠡᠳᠡᠨ ᠡᠴᠡ ᠬᠣᠯᠠ ᠦᠭᠡᠢ ᠬᠣᠶᠠᠷ ᠳᠡᠷᠡᠰᠭᠡᠨ ᠥᠬᠢᠨ ᠭᠣᠣᠯ ᠡᠴᠡ ᠤᠰᠤ ᠠᠪᠤᠨ ᠡᠷᠭᠢᠵᠦ ᠪᠠᠢᠬᠤ ᠨᠢ ᠬᠠᠷᠠᠭᠳᠠᠯ᠎ᠠ᠃ ᠰᠤᠷᠬᠠᠭᠲᠠᠨᠢ ᠬᠠᠲᠤᠨ᠄
—ᠠᠵᠢᠨ ᠴᠢ ᠡᠨᠡ ᠬᠣᠶᠠᠷ ᠥᠬᠢᠨ ᠢ᠋ ᠳᠠᠭᠤᠳᠠᠨ ᠢᠷᠡᠭᠦᠯᠦᠭᠡᠴᠢ ᠭᠡᠵᠦ ᠬᠡᠯᠡᠪᠡ᠃ ᠠᠵᠢᠨ ᠭᠠᠢᠬᠠᠨ ᠬᠠᠲᠤᠨ ᠤ᠋ ᠥᠭᠡᠳᠡ ᠡᠴᠡ ᠬᠠᠷᠠᠬᠤ ᠳ᠋ᠤ᠌᠂
—ᠰᠠᠨᠠᠭ᠎ᠠ ᠵᠣᠪᠠᠯᠲᠠ ᠦᠭᠡᠢ᠂ ᠲᠡᠳᠡᠨ ᠢ᠋ ᠳᠠᠭᠤᠳᠠ ᠭᠡᠯᠡ᠃ ᠠᠵᠢᠨ ᠴᠠᠭᠠᠰᠢ ᠭᠦᠶᠦᠭᠡ ᠪᠡᠷ ᠢ᠋ᠶ᠋ᠡᠨ ᠣᠴᠢᠵᠤ ᠬᠣᠶᠠᠷ ᠥᠬᠢᠨ ᠢ᠋ ᠳᠠᠭᠠᠭᠤᠯᠤᠨ ᠢᠷᠡᠪᠡ᠃
ᠵᠡᠭᠡᠷ᠎ᠡ ᠰᠢᠭ ᠪᠦᠯᠲᠡᠯᠵᠡᠭᠰᠡᠨ ᠠᠯᠠᠭ ᠨᠢᠳᠦ ᠲᠡᠢ᠂ ᠣᠢᠷᠠᠯᠴᠠᠭ᠎ᠠ ᠨᠠᠰᠤᠨ ᠤ᠋ ᠬᠣᠶᠠᠷ ᠥᠬᠢᠨ ᠶᠡᠬᠡᠰ ᠳᠡᠭᠡᠳᠦᠰ ᠢ᠋ ᠬᠠᠷᠠᠭᠰᠠᠨ ᠳᠠᠷᠤᠢ ᠳ᠋ᠠᠭᠠᠨ ᠲᠣᠯᠣᠭᠠᠢ ᠪᠠᠨ ᠭᠣᠳᠣᠢᠯᠭᠠᠨ ᠮᠡᠬᠦᠢᠰᠬᠢᠬᠦ ᠳ᠋ᠦ᠍ ᠰᠤᠷᠬᠠᠬᠳᠠᠨᠢ ᠬᠠᠲᠤᠨ ᠲᠡᠷᠡ ᠬᠣᠶᠠᠷ ᠢ᠋ ᠵᠢᠷᠭᠠᠯ ᠲᠠᠢ ᠨᠢᠳᠦ ᠪᠡᠷ ᠬᠠᠷᠠᠨ᠂
— ᠠᠯᠢ ᠪᠣᠢ᠂ ᠥᠬᠢᠳ ᠮᠢᠨᠢ ᠨᠠᠭᠠᠰᠢ ᠢᠷ᠎ᠡ᠃ ᠠᠶᠤᠬᠤ ᠬᠡᠷᠡᠭ ᠦᠭᠡᠢ ᠂ᠣᠢᠷᠠᠲᠤ ᠭᠡᠯᠡ᠃ ᠥᠬᠢᠳ ᠬᠢᠷᠪᠢᠰᠢᠩᠭᠥᠢ ᠬᠠᠲᠤᠨ ᠳ᠋ᠤ᠌ ᠳᠥᠭᠥᠨ ᠢᠷᠡᠪᠡ᠃ ᠦᠰᠦ ᠪᠡᠨ ᠣᠯᠠᠨ ᠰᠠᠯᠠᠭᠠᠯᠠᠨ ᠰᠦᠯᠵᠢᠭᠰᠡᠨ ᠬᠣᠶᠠᠷ ᠥᠬᠢᠨ ᠦ᠌ ᠬᠠᠴᠠᠷ ᠨᠢ ᠵᠢᠩᠳᠡᠭᠰᠡᠨ ᠪᠣᠯᠤᠯᠲᠠᠢ ᠤᠯᠠᠭ᠎ᠠ ᠪᠤᠲᠠᠷᠠᠵᠤ᠂ ᠠᠯᠠᠭ ᠨᠢᠳᠦ ᠨᠢ ᠲᠣᠷᠮᠣᠯᠵᠠᠵᠤ ᠪᠠᠢᠯ᠎ᠠ᠃ ᠪᠠᠰᠠ ᠨᠢᠭᠡ ᠨᠢ ᠬᠠᠴᠠᠷ ᠳᠡᠭᠡᠷ᠎ᠡ ᠪᠡᠨ ᠵᠢᠵᠢᠭᠬᠡᠨ ᠬᠣᠩᠬᠣᠷᠬᠠᠢ ᠲᠠᠢ ᠪᠠᠢᠬᠤ ᠶ᠋ᠢ ᠬᠠᠷᠠᠭᠠᠳ᠂ ᠡᠭᠡᠴᠢ ᠲᠡᠢ ᠪᠡᠨ ᠥᠩᠭᠡᠷᠡᠭᠦᠯᠦᠭᠰᠡᠨ ᠪᠠᠭ᠎ᠠ ᠨᠠᠰᠤᠨ ᠤ᠋ ᠬᠢᠨᠢ ᠡᠳᠦᠷ ᠦ᠋ᠳ ᠨᠢᠳᠦᠨ ᠦ᠌ ᠡᠮᠦᠨ᠎ᠡ ᠠᠮᠢᠯᠠᠬᠤ ᠰᠢᠭ᠋ ᠬᠠᠲᠤᠨ ᠳ᠋ᠤ᠌ ᠨᠢᠭᠡ ᠯᠡ ᠲᠠᠨᠢᠯ ᠳᠣᠲᠣᠨᠣ ᠰᠠᠨᠠᠭᠳᠠᠯ᠎ᠠ᠃
ᠡᠭᠡᠴᠢ ᠨᠢ ᠪᠣᠯᠤᠯᠲᠠᠢ ᠥᠬᠢᠨ ᠬᠠᠲᠤᠨ ᠤ᠋ ᠥᠭᠡᠳᠡ ᠡᠴᠡ ᠬᠥᠳᠡᠯᠭᠡᠭᠡᠨ ᠦᠭᠡᠢ ᠵᠣᠭᠰᠣᠬᠤ ᠳᠡᠭᠦᠦ ᠶ᠋ᠢᠨ ᠢ᠋ᠶ᠋ᠡᠨ ᠭᠠᠷ ᠡᠴᠡ ᠲᠡᠳᠡᠨ ᠶᠠᠮᠠᠷ ᠨᠢᠭᠡᠨ ᠪᠤᠷᠤᠭᠤ ᠵᠦᠢᠯ ᠬᠡᠯᠡᠵᠦ ᠪᠤᠷᠤᠭᠤ ᠦᠢᠯᠡᠳᠦᠯ ᠬᠢᠬᠦ ᠪᠣᠢ ᠭᠡᠵᠦ ᠪᠣᠯᠭᠣᠮᠵᠢᠯᠠᠨ ᠪᠠᠢᠭ᠎ᠠ ᠪᠣᠯᠤᠯᠲᠠᠢ᠃
ᠡᠨᠡ ᠦᠶ᠎ᠡ ᠳ᠋ᠦ᠍ ᠡᠭᠡᠴᠢ ᠢᠪᠠᠭ᠎ᠠ ᠰᠠᠨᠠᠭᠠᠨ ᠳ᠋ᠤᠨᠢ ᠣᠷᠣᠪᠠ᠃ ᠲᠡᠷᠡ ᠪᠡᠷ ᠰᠤᠷᠬᠠᠬᠳᠠᠨᠢ ᠶ᠋ᠢ ᠲᠠᠨᠢᠬᠤ ᠦᠭᠡᠢ ᠬᠥᠮᠦᠨ ᠲᠡᠢ ᠬᠠᠮᠢᠶ᠎ᠠ ᠦᠭᠡᠢ ᠶᠠᠭᠤᠮ᠎ᠠ ᠶᠠᠷᠢᠵᠤ ᠪᠣᠯᠬᠤ ᠦᠭᠡᠢ ᠭᠡᠵᠦ ᠰᠠᠨᠠᠭᠤᠯᠤᠨ᠂ ᠳᠡᠭᠦᠦ ᠶ᠋ᠢᠨ ᠢ᠋ᠶ᠋ᠡᠨ ᠬᠠᠨᠴᠤᠢ ᠡᠴᠡ ᠲᠠᠲᠠᠬᠤ ᠳ᠋ᠤ᠌ ᠥᠬᠢᠨ ᠦ᠌ ᠰᠣᠨᠢᠭᠤᠴᠢ ᠵᠠᠩ ᠨᠢ ᠤᠯᠠᠮ ᠪᠦᠷ ᠬᠥᠳᠡᠯᠦᠨ ᠶᠠᠮᠠᠷ ᠨᠢᠭᠡᠨ ᠶᠠᠭᠤᠮ᠎ᠠ ᠶᠠᠷᠢᠮᠠᠷ᠂ ᠡᠰᠡᠪᠡᠯ ᠶᠠᠭᠤ ᠴᠤ᠌ ᠬᠠᠮᠢᠶ᠎ᠠ ᠦᠭᠡᠢ ᠠᠰᠠᠭᠤᠮᠠᠷ ᠰᠠᠨᠠᠭᠳᠠᠳᠠᠭ ᠪᠠᠢᠭᠰᠠᠨ ᠪᠢᠯᠡ᠃ ᠡᠨᠡ ᠬᠣᠶᠠᠷ ᠥᠬᠢᠨ ᠬᠠᠲᠤᠨ ᠳ᠋ᠤ᠌ ᠪᠠᠭ᠎ᠠ ᠨᠠᠰᠤ ᠶ᠋ᠢ ᠥᠪᠡᠷ ᠦ᠋ᠨ ᠡᠷᠬᠡ ᠦᠭᠡᠢ ᠪᠣᠳᠣᠭᠳᠠᠭᠤᠯᠤᠨ ᠪᠠᠢᠬᠤ ᠳ᠋ᠤ᠌ ᠥᠬᠢᠳ ᠬᠠᠷᠢᠨ ᠬᠠᠲᠤᠨ ᠢ᠋ ᠠᠶᠤᠭᠰᠠᠨ ᠨᠢᠳᠦ ᠪᠡᠷ ᠪᠦᠯᠲᠡᠯᠵᠡᠨ ᠬᠠᠷᠠᠵᠤ ᠵᠣᠭᠰᠣᠯ᠎ᠠ᠃ ᠰᠤᠷᠬᠠᠬᠳᠠᠨᠢ ᠬᠠᠲᠤᠨ᠄
—ᠲᠠ ᠬᠣᠶᠠᠷ ᠢ᠋ ᠬᠡᠨ ᠭᠡᠳᠡᠭ ᠪᠣᠢ ᠭᠡᠵᠦ ᠠᠰᠠᠭᠤᠬᠤ ᠳ᠋ᠤ᠌ ᠡᠭᠡᠴᠢ ᠨᠢ ᠬᠢᠷᠪᠢᠰᠢᠩᠭᠦᠢ ᠪᠡᠷ᠂
—ᠰᠣᠷᠭᠣᠭ ᠭᠡᠵᠦ ᠬᠡᠯᠡᠬᠦ ᠳ᠋ᠦ᠍ ᠳᠡᠭᠦᠦ ᠨᠢ᠂
— ᠲᠠᠨᠠᠨ ᠭᠡᠵᠦ ᠴᠣᠪᠣᠭᠣ ᠳᠠᠭᠤ ᠪᠠᠷ ᠨᠡᠷ᠎ᠡ ᠪᠡᠨ ᠬᠡᠯᠡᠯ᠎ᠡ᠃ ᠬᠠᠲᠤᠨ ᠢᠨᠢᠶᠡᠮᠰᠦᠭᠯᠡᠨ ᠰᠣᠷᠭᠣᠭ᠂ ᠲᠠᠨᠠᠨ ᠬᠣᠶᠠᠷ ᠡᠭᠡᠴᠢ ᠳᠡᠭᠥᠣᠰ ᠶᠤᠮ ᠪᠢᠵᠡ ᠳᠡ᠃ ᠲᠠ ᠬᠣᠶᠠᠷ ᠤᠨ ᠨᠡᠷ᠎ᠡ ᠨᠢᠭᠡ ᠬᠥᠮᠦᠨ ᠦ᠌ ᠨᠡᠷ᠎ᠡ ᠲᠡᠢ ᠠᠳᠠᠯᠢᠬᠠᠨ ᠶᠤᠮ ᠪᠠᠢᠨ᠎ᠠ ᠭᠡᠳ᠂
—ᠭᠡᠷ ᠴᠢᠨᠢ ᠬᠣᠯᠠ ᠤᠤ? ᠡᠴᠢᠭᠡ ᠡᠬᠡ ᠴᠢᠨᠢ ᠶᠠᠮᠠᠷ ᠬᠥᠮᠦᠰ ᠪᠠᠢᠳᠠᠭ ᠪᠣᠢ ᠭᠡᠵᠦ ᠠᠰᠠᠭᠤᠪᠠ᠃ ᠳᠡᠭᠦᠦ ᠨᠢ ᠡᠭᠡᠴᠢ ᠡᠴᠡ ᠪᠡᠨ ᠥᠷᠢᠰᠦᠨ᠂
— ᠡᠨᠳᠡ ᠡᠴᠡ ᠬᠣᠯᠠ ᠦᠭᠡᠢ᠂ ᠲᠡᠷᠡ ᠠᠭᠤᠯᠠ ᠶ᠋ᠢᠨ ᠰᠤᠭᠤ ᠶ᠋ᠢ ᠣᠷᠢᠶᠠᠭᠠᠳ ᠪᠠᠢᠭ᠎ᠠ᠃ ᠪᠢᠳᠡ ᠬᠡᠷᠡᠢᠳ ᠠᠢᠮᠠᠭ ᠤᠨ ᠬᠥᠮᠦᠰ ᠭᠡᠵᠦ ᠬᠡᠯᠡᠪᠡ᠃
— ᠬᠡᠷᠡᠢᠳ ᠠᠢᠮᠠᠭ ᠤᠨ ᠬᠥᠮᠦᠰ ᠭᠡᠨ᠎ᠡ᠃ ᠮᠢᠨᠦ ᠨᠡᠷ᠎ᠡ ᠶ᠋ᠢ ᠰᠤᠷᠬᠠᠭᠲᠠᠨᠢ ᠭᠡᠳᠡᠭ ᠬᠡᠮᠡᠬᠦ ᠳ᠋ᠦ᠍᠂
ᠬᠣᠶᠠᠷ ᠥᠬᠢᠨ ᠭᠠᠢᠬᠠᠬᠤ ᠶ᠋ᠢᠨ ᠶᠡᠬᠡ ᠪᠡᠷ ᠭᠠᠢᠬᠠᠵᠤ ᠪᠣᠢ ᠪᠣᠯᠤᠯᠲᠠᠢ᠂ ᠬᠠᠭᠠᠨ ᠡᠵᠡᠨ ᠦ᠌ ᠡᠬᠡ᠂ ᠲᠠᠯ᠎ᠠ ᠨᠤᠲᠤᠭ ᠲᠤ᠌ ᠠᠯᠳᠠᠷ ᠲᠠᠢ ᠰᠤᠷᠬᠠᠭᠲᠠᠨᠢ ᠬᠠᠲᠤᠨ ᠲᠠᠢ ᠬᠠᠮᠲᠤ ᠢᠩᠭᠢᠭᠡᠳ ᠵᠣᠭᠰᠣᠵᠤ ᠪᠠᠢᠨ᠎ᠠ ᠭᠡᠳᠡᠭ ᠲᠦ᠍ ᠨᠢᠳᠦᠨ ᠳ᠋ᠡᠭᠡᠨ ᠴᠤ᠌ ᠢᠲᠡᠭᠡᠬᠦ ᠦᠭᠡᠢ ᠪᠠᠢᠭ᠎ᠠ ᠨᠢ ᠢᠯᠡᠳᠲᠡ᠃ ᠡᠭᠡᠴᠢ ᠨᠢ ᠳᠡᠭᠦᠦ ᠪᠡᠨ ᠬᠠᠮᠢᠶ᠎ᠠ ᠦᠭᠡᠢ ᠣᠯᠠᠨ ᠦᠭᠡ ᠬᠡᠯᠡᠵᠦ᠂ ᠬᠠᠲᠤᠨ ᠤ᠋ ᠬᠢᠯᠢᠩ ᠢ᠋ ᠬᠥᠳᠡᠯᠭᠡᠬᠦ ᠡᠴᠡ ᠠᠶᠤᠭᠰᠠᠨ ᠤᠤ᠂ ᠬᠠᠨᠴᠤᠢ ᠡᠴᠡ ᠨᠢ ᠨᠢᠳᠤᠷᠪᠠ᠃ ᠰᠤᠷᠬᠠᠭᠲᠠᠨᠢ᠄
— ᠲᠠ ᠬᠣᠶᠠᠷ ᠶᠠᠪᠤᠵᠤ ᠪᠣᠯᠤᠨ᠎ᠠ ᠭᠡᠪᠡ᠃ ᠲᠡᠳᠡ ᠤᠬᠤᠷᠢᠭᠰᠠᠭᠠᠷ ᠤᠰᠤ ᠲᠠᠢ ᠬᠠᠪᠴᠢᠭ ᠢ᠋ᠶ᠋ᠠᠨ ᠠᠪᠴᠤ ᠴᠠᠭᠠᠰᠢ ᠶᠠᠪᠤᠯ᠎ᠠ᠃
ᠲᠡᠳᠡᠨ ᠦ᠌ ᠠᠷᠤ ᠡᠴᠡ ᠬᠠᠷᠠᠵᠤ ᠵᠣᠭᠰᠣᠭᠰᠠᠨ ᠰᠤᠷᠬᠠᠭᠲᠠᠨᠢ ᠡᠭᠡᠴᠢ ᠢᠪᠠᠭ᠎ᠠ ᠪᠠᠨ ᠳᠤᠷᠠᠰᠤᠯ᠎ᠠ᠃ ᠠᠯᠤᠰ ᠲᠡᠷᠲᠡᠭᠡ ᠳ᠋ᠦ᠍ ᠬᠦᠪᠦᠷᠡᠭᠰᠡᠨ ᠪᠣᠳᠣᠯ ᠤᠨ ᠦᠵᠦᠭᠦᠷ ᠲᠦ᠍ ᠪᠠᠭ᠎ᠠ ᠨᠠᠰᠤᠨ ᠤ᠋ ᠬᠢᠨᠢ ᠡᠳᠦᠷ ᠦ᠋ᠳ ᠬᠦᠪᠦᠷᠡᠨ ᠦᠵᠡᠭᠳᠡᠬᠦ ᠰᠢᠭ ᠪᠣᠯᠪᠠ᠃ ᠤᠰᠤ ᠲᠠᠢ ᠬᠠᠪᠴᠢᠭ ᠲᠡᠭᠡᠨᠡᠯᠴᠡᠨ ᠶᠠᠪᠤᠭ᠎ᠠ ᠬᠣᠶᠠᠷ ᠥᠬᠢᠨ ᠠᠯᠤᠰ ᠤᠨ ᠵᠡᠷᠭᠡᠯᠭᠡᠨ ᠳ᠋ᠦ᠍ ᠰᠦᠮᠡᠢᠨ ᠬᠠᠷᠠᠭᠳᠠᠨ᠎ᠠ᠃ ᠳᠡᠭᠦᠦ ᠨᠢ ᠭᠡᠨᠡᠳᠲᠡ ᠭᠠᠷ ᠢ᠋ᠶ᠋ᠠᠨ ᠰᠤᠯᠠᠯᠠᠨ ᠬᠠᠪᠴᠢᠭ ᠢ᠋ᠶ᠋ᠠᠨ ᠳᠣᠭᠣᠭᠰᠢ ᠠᠯᠲᠠᠨ ᠤᠨᠠᠭᠠᠬᠤ ᠳ᠋ᠤ᠌ ᠡᠭᠡᠴᠢ ᠨᠢ᠂
— ᠴᠢ ᠶᠠᠭᠠᠬᠢᠪᠠ᠂ ᠶᠠᠳᠠᠷᠠᠪᠠ ᠤᠤ ᠭᠡᠬᠦ ᠳ᠋ᠦ᠍ ᠳᠡᠭᠦᠦ ᠨᠢ᠄
— ᠭᠠᠷ ᠴᠤᠴᠠᠪᠠ ᠭᠡᠬᠦ ᠳ᠋ᠦ᠍ ᠡᠭᠡᠴᠢ ᠨᠢ᠂
— ᠭᠠᠷ ᠴᠤᠴᠠᠬᠤ ᠳ᠋ᠤ᠌ ᠤᠬᠠᠭᠠᠨ ᠪᠠᠰᠠ ᠴᠤᠴᠠᠬᠤ ᠤᠤ᠂ ᠪᠢ ᠭᠠᠷ ᠴᠤᠴᠠᠪᠠ ᠭᠡᠳ ᠬᠡᠯᠡᠴᠢᠬᠡᠭᠰᠡᠨ ᠪᠣᠯ ᠬᠠᠮᠲᠤ ᠬᠠᠪᠴᠢᠭ ᠢ᠋ᠶ᠋ᠠᠨ ᠭᠠᠵᠠᠷ ᠲᠠᠯᠪᠢᠵᠤ᠂ ᠪᠢᠳᠡ ᠤᠰᠤ ᠪᠠᠨ ᠠᠰᠬᠠᠬᠤ ᠦᠭᠡᠢ ᠪᠠᠢᠬᠤ ᠪᠠᠢᠯ᠎ᠠ ᠭᠡᠪᠡ᠃
ᠡᠭᠡᠴᠢ ᠳ᠋ᠡᠭᠡᠨ ᠵᠢᠮᠡᠯᠡᠭᠦᠯᠦᠭᠰᠡᠨ ᠥᠬᠢᠨ ᠲᠡᠭᠦᠨ ᠦ᠌ ᠥᠭᠡᠳᠡ ᠡᠴᠡ ᠬᠠᠷᠠᠨ ᠭᠡᠮᠰᠢᠨ ᠪᠣᠢ ᠪᠠᠨ ᠬᠠᠷᠠᠴᠠ ᠪᠠᠷ ᠢ᠋ᠶ᠋ᠠᠨ ᠢᠯᠡᠷᠬᠡᠢᠯᠡᠭᠡᠳ᠂ ᠤᠷᠮ᠎ᠠ ᠦᠭᠡᠢᠬᠡᠨ ᠪᠤᠴᠠᠵᠤ᠂ ᠭᠣᠣᠯ ᠤᠨ ᠵᠦᠭ ᠬᠠᠪᠴᠢᠭ ᠢ᠋ᠶ᠋ᠠᠨ ᠴᠢᠷᠦᠨ ᠠᠯᠬᠤᠨ᠎ᠠ᠃
ᠰᠤᠷᠬᠠᠭᠲᠠᠨᠢ ᠳᠣᠲᠣᠷ᠎ᠠ ᠪᠠᠨ《ᠨᠡᠭᠡᠷᠡᠨ ᠭᠠᠷ ᠴᠤᠴᠠᠬᠤ ᠳ᠋ᠤ᠌ ᠤᠬᠠᠭᠠᠨ ᠶᠠᠭᠤᠨ ᠳ᠋ᠤ᠌ ᠴᠤᠴᠠᠬᠤ ᠪᠢᠯᠡ》 ᠭᠡᠮᠡᠨ ᠡᠭᠡᠴᠢ ᠶ᠋ᠢᠨ ᠢ᠋ᠶ᠋ᠡᠨ ᠦᠭᠡ ᠶ᠋ᠢ ᠡᠷᠭᠢᠴᠡᠭᠦᠯᠦᠨ ᠵᠣᠭᠰᠣᠯ᠎ᠠ᠃
ᠪᠠᠭ᠎ᠠ ᠨᠠᠰᠤᠨ ᠤ᠋ ᠬᠢᠨᠢ ᠡᠳᠦᠷ ᠦ᠋ᠳ ᠢ᠋ ᠥᠪᠡᠷ ᠦ᠋ᠨ ᠡᠷᠬᠡ ᠦᠭᠡᠢ ᠰᠠᠨᠠᠭᠳᠠᠭᠤᠯᠬᠤ ᠬᠣᠶᠠᠷ ᠵᠢᠭᠠᠬᠠᠨ ᠥᠬᠢᠨ ᠦ᠌ ᠠᠷᠤ ᠡᠴᠡ ᠤᠳᠠᠭᠠᠨ ᠬᠠᠷᠠᠵᠤ ᠵᠣᠭᠰᠣᠭᠰᠠᠨ ᠬᠠᠲᠤᠨ ᠤ᠋ ᠨᠥᠮᠥᠷᠦᠭᠰᠡᠨ ᠪᠤᠯᠠᠭᠠᠨ ᠳᠠᠬᠤ ᠶ᠋ᠢ ᠳᠠᠬᠢᠨ ᠯᠠᠪ ᠨᠥᠮᠥᠷᠥᠭᠦᠯᠬᠦ ᠠᠵᠢᠨ᠄
— ᠬᠠᠲᠤᠨᠲᠠᠨ ᠮᠢᠨᠢ᠂ ᠲᠠ ᠪᠦᠷ ᠵᠢᠩᠳᠡᠵᠦ ᠣᠷᠬᠢᠯ᠎ᠠ᠃ ᠣᠳᠣ ᠪᠤᠴᠠᠶ᠎ᠠ ᠭᠡᠬᠦ ᠳ᠋ᠦ᠍᠂ ᠰᠤᠷᠠᠬᠠᠨᠳᠠᠨᠢ᠄
— ᠲᠡᠭᠡᠶ᠎ᠡ ᠭᠡᠵᠦ ᠬᠡᠯᠡᠭᠡᠳ ᠬᠣᠶᠠᠭᠤᠯᠠ ᠣᠷᠳᠣᠨ ᠤ᠋ ᠵᠦᠭ ᠠᠯᠬᠤᠯ᠎ᠠ᠃
ᠵᠢᠷᠦᠬᠡᠨ ᠲᠤᠰᠢᠶ᠎ᠠ ᠨᠢ ᠬᠦᠴᠦᠲᠡᠢ ᠡᠪᠡᠳᠴᠦ ᠰᠤᠷᠠᠬᠠᠨᠳᠠᠨᠢ ᠬᠠᠲᠤᠨ ᠨᠣᠢᠷ ᠡᠴᠡ ᠪᠠᠨ ᠰᠡᠷᠡᠯ᠎ᠡ᠃ ᠲᠡᠷᠡ ᠪᠡᠷ ᠰᠡᠷᠡᠭᠰᠡᠨ ᠳᠠᠷᠤᠢ ᠳ᠋ᠠᠭᠠᠨ ᠣᠷᠣᠨ ᠡᠴᠡ ᠪᠠᠨ ᠪᠣᠰᠤᠭᠰᠠᠨ ᠦᠭᠡᠢ᠂ ᠬᠠᠷᠠᠬᠣᠷᠣᠮ ᠳ᠋ᠤ᠌ ᠪᠠᠢᠬᠤ ᠡᠴᠡ ᠦᠶ᠎ᠡ ᠦᠶ᠎ᠡ ᠬᠠᠳᠬᠤᠵᠤ ᠡᠬᠢᠯᠡᠭᠰᠡᠨ ᠡᠪᠡᠳᠴᠢᠨ ᠥᠨᠥ ᠰᠡᠲᠡᠷᠡᠭᠰᠡᠨ ᠪᠣᠯᠤᠯᠲᠠᠢ᠃ ᠲᠡᠷᠡ ᠨᠢᠭᠡᠨ ᠡᠳᠦᠷ ᠦ᠋ᠨ ᠳᠤᠷᠠᠰᠤᠮᠵᠢ ᠬᠠᠲᠤᠨ ᠤ᠋ ᠰᠠᠨᠠᠭᠠᠨ ᠳ᠋ᠤ᠌ ᠪᠠᠭᠤᠯ᠎ᠠ᠃ ᠣᠷᠬᠣᠨ ᠭᠣᠣᠯ ᠤᠨ ᠡᠷᠭᠢ ᠳᠡᠭᠡᠷᠡᠬᠢ ᠬᠠᠲᠤᠨ ᠤ᠋ ᠨᠡᠭᠦᠳᠡᠯ ᠦ᠋ᠨ ᠦᠷᠭᠦᠭᠡᠨ ᠳ᠋ᠦ᠍ ᠪᠠᠷᠠᠯᠬᠠᠨ ᠢᠷᠡᠭᠰᠡᠨ ᠣᠲᠠᠴᠢ᠂ ᠬᠠᠲᠤᠨ ᠡᠬᠡ ᠶ᠋ᠢᠨ ᠪᠡᠶ᠎ᠡ ᠯᠠᠭᠱᠠᠨ ᠶᠠᠭᠤᠨ ᠡᠴᠡ ᠪᠣᠯᠵᠤ ᠴᠢᠯᠡᠭᠡᠷᠬᠡᠭᠰᠡᠨ ᠪᠣᠯᠬᠤ ᠶ᠋ᠢ ᠮᠡᠳᠡᠬᠦ ᠪᠡᠷ ᠰᠤᠳᠠᠰᠤ ᠶ᠋ᠢ ᠨᠢ ᠪᠠᠷᠢᠨ ᠤᠳᠠᠭᠠᠨ ᠰᠠᠭᠤᠭᠰᠠᠨ ᠶᠤᠮ᠃ ᠲᠡᠷᠡ ᠪᠡᠷ ᠨᠢᠭᠡᠨᠲᠡ ᠰᠠᠨᠠᠭ᠎ᠠ ᠠᠯᠳᠠᠭᠠᠳ᠂
— ᠬᠠᠲᠤᠨ ᠲᠠᠨ ᠤ᠋ ᠵᠢᠷᠦᠬᠡ ᠠᠯᠵᠢᠶᠠᠵᠠᠢ᠃ ᠲᠡᠢᠮᠦ ᠡᠴᠡ ᠰᠡᠳᠬᠢᠯ ᠰᠠᠨᠠᠭ᠎ᠠ ᠪᠠᠨ ᠠᠯᠢ ᠪᠣᠯᠬᠤ ᠲᠠᠢᠪᠤᠩ ᠠᠮᠤᠷᠯᠢᠩᠭᠤᠢ ᠪᠠᠢᠯᠭᠠᠬᠤ ᠨᠢ ᠰᠠᠢᠨ ᠭᠡᠵᠦ ᠬᠡᠯᠡᠬᠦ ᠳ᠋ᠦ᠍ ᠰᠤᠷᠠᠬᠠᠨᠳᠠᠨᠢ ᠬᠠᠲᠤᠨ᠄
— ᠡᠨᠡ ᠡᠪᠡᠳᠴᠢᠨ ᠶᠠᠭᠤᠨ ᠡᠴᠡ ᠡᠭᠦᠳᠦᠯ ᠲᠡᠢ ᠪᠣᠢ ᠭᠡᠮᠡᠨ ᠠᠰᠠᠭᠤᠪᠠ᠃ ᠣᠯᠠᠨ ᠵᠢᠯ ᠦ᠋ᠨ ᠰᠡᠳᠬᠢᠯ ᠦ᠋ᠨ ᠵᠣᠪᠠᠯᠠᠩ ᠡᠴᠡ ᠡᠭᠦᠳᠦᠨ ᠵᠢᠷᠦᠬᠡ ᠢᠩᠭᠢᠵᠦ ᠠᠯᠵᠢᠶᠠᠬᠤ ᠨᠢ ᠪᠣᠢ᠃ ᠭᠡᠪᠡᠴᠦ ᠴᠠᠭ ᠢ᠋ ᠡᠵᠡᠯᠡᠭᠰᠡᠨ ᠶᠡᠬᠡ ᠬᠠᠭᠠᠨ ᠤ᠋ ᠡᠬᠡ᠂ ᠡᠵᠡᠨᠲᠦ ᠭᠦᠷᠦᠨ ᠦ᠌ ᠬᠠᠲᠤᠨ ᠶᠠᠭᠤᠨ ᠳ᠋ᠤ᠌ ᠰᠡᠳᠬᠢᠯ ᠦ᠋ᠨ ᠵᠣᠪᠠᠯᠠᠩ ᠳᠡᠭᠡᠬᠡᠨ ᠶᠠᠪᠤᠬᠤ ᠪᠢᠯᠡ᠂ ᠮᠡᠬᠦᠰ ᠪᠢ ᠡᠭᠦᠨ ᠳ᠋ᠦ᠍ ᠡᠷᠡᠭᠡᠯᠵᠡᠨ ᠪᠠᠢᠨ᠎ᠠ ᠭᠡᠪᠡ᠃
— ᠬᠠᠭᠠᠨ ᠬᠠᠷᠠᠴᠤ ᠢᠯᠭᠠᠭ᠎ᠠ ᠦᠭᠡᠢ᠂ ᠲᠡᠳᠡᠨ ᠳ᠋ᠦ᠍ ᠨᠢᠭᠡ ᠯᠡ ᠵᠢᠷᠦᠬᠡ ᠪᠣᠢ᠃ ᠨᠠᠮᠠᠶ᠋ᠢ ᠵᠣᠪᠠᠯᠠᠩ ᠦᠭᠡᠢ ᠭᠡᠵᠦ ᠴᠢᠮ᠎ᠠ ᠳ᠋ᠤ᠌ ᠬᠡᠨ ᠬᠡᠯᠡᠪᠡ ᠭᠡᠮᠡᠨ ᠠᠰᠠᠭᠤᠬᠤ ᠳ᠋ᠤ᠌ ᠣᠲᠠᠴᠢ ᠨᠡᠮᠡᠰᠬᠢᠯᠡ᠃ ᠮᠥᠨᠥᠬᠢ ᠣᠲᠠᠴᠢ ᠲᠡᠷᠡ ᠳᠠᠷᠤᠢ ᠳ᠋ᠠᠭᠠᠨ ᠡᠮ ᠲᠣᠮ ᠪᠡᠯᠡᠳᠬᠡᠵᠦ ᠬᠠᠲᠤᠨ ᠳ᠋ᠤ᠌ ᠪᠠᠷᠢᠪᠠ᠃ ᠰᠤᠷᠠᠬᠠᠨᠳᠠᠨᠢ᠄
— ᠣᠲᠠᠴᠢ ᠡᠴᠡ ᠭᠤᠶᠤᠬᠤ ᠨᠢᠭᠡ ᠭᠤᠶᠤᠯᠲᠠ ᠪᠠᠢᠨ᠎ᠠ᠃
— ᠶᠠᠮᠠᠷ ᠭᠤᠶᠤᠯᠲᠠ ᠪᠠᠢᠳᠠᠭ ᠪᠢᠯᠡ᠃ ᠬᠠᠲᠤᠨ ᠲᠠᠨ ᠤ᠋ ᠬᠦᠰᠡᠯᠲᠡ ᠪᠣᠯ ᠬᠠᠭᠠᠨᠲᠤ ᠲᠥᠷᠥ ᠶ᠋ᠢᠨ ᠵᠠᠷᠯᠢᠭ ᠲᠤᠯᠠ ᠮᠡᠬᠦᠰ ᠪᠢ ᠪᠡᠶᠡᠯᠡᠭᠦᠯᠬᠦ ᠡᠴᠡ ᠶᠠᠭᠠᠬᠢᠬᠤ ᠪᠢᠯᠡ ᠭᠡᠬᠦ ᠳ᠋ᠦ᠍
— ᠮᠢᠨᠦ ᠵᠢᠷᠦᠬᠡ ᠢᠩᠭᠢᠵᠦ ᠠᠯᠵᠢᠶᠠᠭᠰᠠᠨ ᠢ᠋ ᠬᠠᠭᠠᠨ ᠡᠵᠡᠨ ᠬᠢᠭᠡᠳ ᠬᠠᠨ ᠬᠥᠪᠡᠭᠦᠳ ᠲᠦ᠍ ᠮᠢᠨᠢ ᠮᠡᠳᠡᠭᠳᠡᠬᠦ ᠦᠭᠡᠢ ᠥᠩᠭᠡᠷᠡᠪᠡᠯ ᠰᠠᠢᠨ ᠰᠠᠨ ᠭᠡᠪᠡ᠃
— ᠬᠠᠲᠤᠨ ᠲᠠᠨ ᠤ᠋ ᠲᠠᠭᠠᠯᠠᠯ ᠢ᠋ᠶ᠋ᠠᠷ ᠪᠣᠯᠤᠭ᠂ ᠬᠠᠷᠢᠨ ᠰᠡᠳᠬᠢᠯ ᠰᠠᠨᠠᠭ᠎ᠠ ᠪᠠᠨ ᠠᠮᠤᠷᠯᠢᠭᠤᠯᠵᠤ᠂ ᠠᠯᠢᠪᠠ ᠳ᠋ᠤ᠌ ᠲᠠᠢᠪᠤᠩ ᠬᠠᠨᠳᠤᠬᠤ ᠨᠢ ᠲᠠᠨ ᠤ᠋ ᠡᠪᠡᠳᠴᠢᠨ ᠦ᠌ ᠬᠠᠮᠤᠭ ᠤᠨ ᠰᠠᠢᠨ ᠡᠮ ᠪᠢᠯᠡ ᠭᠡᠵᠦ ᠬᠡᠯᠡᠭᠡᠳ ᠣᠲᠠᠴᠢ ᠭᠠᠷᠴᠤ ᠶᠠᠪᠤᠭᠰᠠᠨ ᠠᠵᠢ᠃
ᠬᠡᠳᠦᠢ ᠣᠲᠠᠴᠢ ᠶ᠋ᠢᠨ ᠥᠭᠭᠦᠭᠰᠡᠨ ᠡᠮ ᠳᠠᠩ ᠢ᠋ ᠤᠤᠭᠤᠵᠤ ᠬᠡᠰᠡᠭ ᠵᠠᠭᠤᠷ᠎ᠠ ᠳᠡᠭᠡᠷᠡᠳᠡᠬᠦ ᠠᠪᠠᠴᠤ ᠲᠡᠳᠦᠢᠯᠡᠨ ᠰᠠᠢᠵᠢᠷᠠᠬᠤ ᠦᠭᠡᠢ ᠪᠠᠢᠭᠰᠠᠭᠠᠷ ᠥᠨᠥ ᠬᠦᠷᠴᠡᠢ᠃ ᠨᠢᠭᠡᠨᠲᠡ ᠬᠠᠭᠠᠨᠲᠤ ᠲᠥᠷᠥ ᠡᠵᠡᠨ ᠲᠡᠢ ᠪᠣᠯᠵᠤ᠂ ᠬᠠᠲᠤᠨ ᠡᠬᠡ ᠨᠢ ᠠᠮᠤᠭᠤᠯᠠᠩ ᠰᠠᠭᠤᠵᠤ ᠪᠣᠯᠬᠤ ᠪᠠᠷ ᠪᠠᠢᠭᠰᠠᠨ ᠴᠤ᠌ ᠲᠡᠷᠡ ᠪᠡᠷ ᠣᠯᠠᠨ ᠬᠥᠯ ᠦ᠋ᠨ ᠭᠠᠵᠠᠷ ᠡᠴᠡ ᠬᠣᠯᠠ ᠪᠠᠢᠬᠤ ᠶ᠋ᠢ ᠬᠦᠰᠡᠮᠵᠢᠯᠡᠬᠦ ᠪᠣᠯᠵᠤ᠂ ᠲᠠᠯ᠎ᠠ ᠨᠤᠲᠤᠭ ᠤᠨ ᠮᠣᠩᠭᠣᠯ ᠬᠥᠮᠦᠨ ᠦ᠌ ᠶᠣᠰᠣ ᠪᠠᠷ ᠨᠡᠭᠦᠳᠡᠯᠯᠡᠨ ᠠᠮᠢᠳᠤᠷᠠᠬᠤ ᠶ᠋ᠢᠨ ᠰᠠᠢᠬᠠᠨ ᠢ᠋ ᠨᠠᠰᠤᠨ ᠲᠤᠷᠰᠢᠲᠠ ᠪᠠᠨ ᠬᠦᠰᠡᠵᠦ ᠶᠠᠪᠤᠭᠰᠠᠨ ᠲᠤᠯᠠ ᠡᠨᠳᠡ ᠢᠷᠡᠵᠡᠢ᠃
ᠡᠪᠦᠯ ᠦ᠋ᠨ ᠰᠡᠭᠦᠯ ᠰᠠᠷ᠎ᠠ ᠭᠠᠷᠬᠤ ᠳ᠋ᠤ᠌ ᠬᠠᠲᠤᠨ ᠤ᠋ ᠪᠡᠶ᠎ᠡ ᠲᠡᠩᠬᠡᠭᠡ ᠲᠣᠷᠣᠢᠲᠠᠯᠠ ᠤᠤᠭᠤᠵᠤ ᠢᠳᠡᠬᠦ ᠨᠢ ᠲᠠᠲᠠᠷᠠᠵᠤ᠂ ᠬᠡᠯᠡᠵᠦ ᠶᠠᠷᠢᠬᠤ ᠨᠢ ᠴᠥᠭᠡᠷᠡᠵᠦ ᠶᠡᠬᠡᠩᠬᠢ ᠳ᠋ᠡᠭᠡᠨ ᠤᠨᠲᠠᠵᠤ ᠪᠠᠢᠭ᠎ᠠ ᠨᠢ ᠬᠠᠷᠠᠭᠳᠠᠬᠤ ᠪᠣᠯᠵᠠᠢ᠃ ᠥᠬᠢᠨ ᠲᠡᠮᠦᠬᠡᠨ ᠪᠡᠬᠢ ᠳᠠᠭᠤᠳᠠᠭᠳᠠᠨ ᠢᠷᠡᠵᠦ ᠡᠬᠡ ᠪᠡᠨ ᠠᠰᠠᠷᠠᠵᠤ ᠪᠠᠢᠪᠠ᠃ ᠬᠠᠭᠠᠨ ᠡᠵᠡᠨ ᠳ᠋ᠦ᠍ ᠬᠥᠮᠦᠨ ᠶᠠᠪᠤᠭᠤᠯᠵᠤ ᠮᠡᠳᠡᠭᠡ ᠳᠣᠭᠣᠯᠭᠠᠭᠰᠠᠨ ᠢ᠋ᠶ᠋ᠠᠷ ᠮᠥᠩᠬᠡ ᠬᠠᠭᠠᠨ ᠶᠠᠭᠠᠷᠠᠪᠴᠢᠯᠠᠨ ᠢᠷᠡᠪᠡ᠃ ᠬᠠᠲᠤᠨ ᠡᠬᠡ ᠶ᠋ᠢᠨ ᠪᠡᠶ᠎ᠡ ᠯᠠᠭᠱᠠᠨ ᠢᠯᠡᠳᠲᠡ ᠬᠦᠨᠳᠦᠷᠡᠭᠰᠡᠨ ᠲᠡᠷᠡ ᠡᠳᠦᠷ ᠮᠥᠩᠬᠡ ᠲᠩᠷᠢ ᠡᠭᠦᠯᠡ ᠦᠭᠡᠢ ᠴᠡᠯᠮᠡᠭ ᠨᠠᠯᠠᠢᠵᠤ᠂ ᠮᠥᠷᠡᠨ ᠭᠣᠣᠯ ᠤᠷᠤᠰᠬᠠᠯ ᠢᠷᠡᠨ ᠮᠢᠰᠢᠶᠡᠵᠦ᠂ ᠭᠠᠵᠠᠷ ᠳᠡᠯᠡᠬᠡᠢ ᠬᠠᠪᠤᠷ ᠴᠠᠭ ᠤᠨ ᠡᠬᠢᠨ ᠲᠡᠢ ᠵᠣᠯᠭᠠᠨ ᠲᠠᠯ᠎ᠠ ᠨᠤᠲᠤᠭ ᠲᠤ᠌ ᠤᠷᠢᠨ ᠴᠠᠭ ᠠᠢᠯᠴᠢᠯᠠᠨ ᠢᠷᠡᠭᠰᠡᠨ ᠪᠠᠢᠯ᠎ᠠ᠃ ᠬᠠᠲᠤᠨ ᠤ᠋ ᠪᠡᠶ᠎ᠡ ᠲᠡᠩᠬᠡᠭᠡ ᠳᠣᠷᠣᠢᠲᠠᠭᠰᠠᠭᠠᠷ ᠪᠠᠢᠭᠰᠠᠨ ᠲᠤᠯᠠ ᠬᠡᠯᠡ ᠶᠠᠪᠤᠭᠤᠯᠤᠭᠰᠠᠨ ᠬᠥᠮᠦᠰ ᠠᠯᠭᠤᠷ ᠢ᠋ᠶ᠋ᠠᠷ ᠢᠷᠡᠭᠰᠡᠭᠡᠷ ᠢᠳᠡᠷ ᠭᠣᠣᠯ ᠤᠨ ᠣᠷᠳᠣᠨ ᠳ᠋ᠤ᠌ ᠠᠯᠲᠠᠨ ᠤᠷᠤᠭ ᠤᠨ ᠬᠢᠨ ᠪᠦᠭᠦᠳᠡᠭᠡᠷ ᠴᠤᠭᠯᠠᠭᠰᠠᠨ ᠪᠠᠢᠪᠠ᠃ ᠭᠠᠭᠴᠠ ᠬᠦ᠌ ᠬᠥᠯᠡᠬᠦ᠂ ᠬᠤᠪᠢᠯᠠᠢ ᠨᠠᠷ ᠢᠷᠡᠵᠦ ᠠᠮᠵᠢᠭᠰᠠᠨ ᠦᠭᠡᠢ᠃ ᠦᠳᠡ ᠶ᠋ᠢᠨ ᠠᠯᠲᠠ ᠳ᠋ᠤ᠌ ᠡᠬᠡ ᠶ᠋ᠢᠨ ᠪᠡᠶ᠎ᠡ ᠲᠡᠩᠬᠡᠭᠡ ᠳᠡᠭᠡᠷᠡᠳᠡᠪᠡ᠃ ᠬᠡᠷᠬᠢᠬᠦ ᠨᠢ ᠲᠣᠳᠣᠷᠬᠠᠢ ᠦᠭᠡᠢ ᠠᠢᠳᠠᠰ ᠲᠡᠭᠡᠭᠡᠨ ᠪᠠᠢᠭᠰᠠᠨ ᠬᠥᠮᠦᠰ ᠰᠠᠶᠢ ᠲᠠᠢᠪᠤᠰᠢᠷᠠᠵᠤ᠂ ᠡᠬᠡ ᠨᠢ ᠬᠡᠦᠬᠡᠳ ᠦ᠋ᠳ ᠢ᠋ᠶ᠋ᠡᠨ ᠳᠠᠭᠤᠳᠠᠭᠤᠯᠤᠭᠰᠠᠨ ᠪᠠᠢᠪᠠ᠃ ᠬᠡᠵᠢᠶ᠎ᠡ ᠮᠥᠳᠳᠥ ᠦᠭᠡᠢ ᠠᠪᠴᠤ ᠶᠠᠪᠤᠬᠤ ᠭᠡᠵᠦ ᠤᠯᠠᠢᠷᠠᠨ ᠪᠠᠢᠭ᠎ᠠ ᠦᠯᠦ ᠳᠡᠢᠯᠦᠭᠳᠡᠬᠦ ᠬᠦᠴᠦᠨ ᠦ᠌ ᠡᠮᠦᠨ᠎ᠡ ᠬᠠᠭᠠᠨ ᠬᠥᠮᠦᠨ ᠴᠦ᠍ ᠲᠡᠷᠡ᠂ ᠬᠠᠷᠠᠴᠤ ᠠᠷᠠᠳ ᠴᠤ᠌ ᠲᠡᠷᠡ ᠥᠪᠡᠷ ᠦ᠋ᠨ ᠬᠦᠴᠦ ᠥᠬᠡᠢ ᠰᠤᠯᠠ ᠳᠣᠷᠣᠢ ᠪᠣᠯᠬᠤ ᠶ᠋ᠢ ᠮᠡᠳᠡᠷᠡᠳᠡᠭ ᠪᠢᠯᠡ᠃ ᠮᠥᠩᠬᠡ ᠬᠠᠭᠠᠨ ᠳᠡᠭᠡᠷ᠎ᠡ ᠬᠥᠬᠡᠷᠡᠭᠴᠢ ᠮᠥᠩᠬᠡ ᠲᠩᠷᠢ᠂ ᠳᠡᠷᠭᠡᠳᠡ ᠨᠠᠯᠠᠢᠭᠴᠢ ᠭᠠᠵᠠᠷ ᠰᠢᠷᠣᠢ᠂ ᠠᠭᠤᠯᠠ ᠤᠰᠤ᠂ ᠣᠩᠭᠣᠨ ᠰᠠᠪᠳᠠᠭ ᠠᠯᠢ ᠠᠯᠢᠨ ᠡᠴᠡ ᠨᠢ ᠬᠦᠰᠡᠭᠡᠳ ᠡᠬᠡ ᠶ᠋ᠢ ᠪᠡᠨ ᠮᠥᠩᠬᠡ ᠨᠠᠰᠤᠯᠠᠭᠤᠯᠵᠤ ᠴᠢᠳᠠᠬᠤ ᠦᠭᠡᠢ ᠪᠣᠯᠬᠤ ᠪᠠᠨ ᠮᠡᠳᠡᠵᠦ ᠪᠠᠢᠯ᠎ᠠ᠃ ᠡᠬᠡ ᠶ᠋ᠢᠨ ᠬᠠᠵᠠᠭᠤ ᠳ᠋ᠤ᠌ ᠮᠥᠩᠬᠡ ᠬᠠᠭᠠᠨ᠂ ᠠᠷᠢᠬᠪᠥ᠋ᠬᠡ᠂ ᠲᠡᠮᠦᠭᠡᠨ ᠪᠡᠬᠢ ᠨᠠᠷ ᠵᠣᠭᠰᠣᠵᠠᠢ᠃ ᠰᠤᠷᠠᠬᠠᠨᠳᠠᠨᠢ ᠬᠠᠲᠤᠨ ᠬᠠᠢᠷ᠎ᠠ ᠭᠡᠢᠭᠰᠡᠨ ᠨᠢᠳᠦ ᠪᠡᠷ ᠲᠡᠳᠡᠨ ᠢ᠋ ᠡᠭᠡᠯᠵᠢᠯᠡᠨ ᠬᠠᠷᠠᠭᠠᠳ᠂
— ᠡᠨᠡ ᠠᠮᠢᠳᠤᠷᠠᠯ ᠢ᠋ ᠨᠢᠭᠡᠨ ᠤᠷᠲᠤ ᠵᠠᠮ ᠪᠠᠢᠭᠰᠠᠨ ᠭᠡᠪᠡᠯ ᠲᠡᠭᠦᠨ ᠡᠴᠡ ᠪᠢᠳᠡ ᠬᠠᠵᠠᠢᠵᠤ ᠶᠠᠪᠤᠭᠰᠠᠨ ᠦᠭᠡᠢ᠂ ᠡᠨᠡ ᠠᠮᠢᠳᠤᠷᠠᠯ ᠢ᠋ ᠨᠢᠭᠡᠨ ᠶᠡᠬᠡ ᠠᠭᠤᠯᠠᠰ ᠪᠠᠢᠭᠰᠠᠨ ᠭᠡᠪᠡᠯ ᠲᠡᠭᠦᠨ ᠦ᠌ ᠣᠷᠣᠢ ᠳ᠋ᠤᠨᠢ ᠪᠢ ᠬᠥᠪᠡᠭᠦᠳ ᠢ᠋ᠶ᠋ᠡᠨ ᠭᠠᠷᠭᠠᠵᠠᠢ᠃ ᠮᠥᠩᠬᠡ ᠲᠩᠷᠢ ᠳ᠋ᠦ᠍ ᠣᠢᠷᠠᠬᠠᠨ ᠲᠡᠷᠡ ᠠᠭᠤᠯᠠᠰ ᠤᠨ ᠳᠡᠭᠡᠷ᠎ᠡ ᠡᠴᠡ ᠦᠨᠡᠨ ᠬᠤᠳᠠᠯ ᠢ᠋ ᠢᠯᠭᠠᠨ ᠬᠠᠷᠠᠬᠤ ᠤᠬᠠᠭᠠᠨ᠂ ᠦᠷᠭᠦᠯᠵᠢ ᠴᠢᠩ ᠰᠢᠳᠤᠷᠭᠤ ᠪᠠᠷ ᠶᠠᠪᠤᠬᠤ ᠶᠣᠰᠣᠨ ᠠᠯᠢ ᠠᠯᠢ ᠶ᠋ᠢ ᠨᠢ ᠪᠢ ᠲᠠ ᠨᠠᠷ ᠲᠤ᠌ ᠠᠳᠠᠯᠢᠬᠠᠨ ᠵᠢᠭᠠᠵᠤ ᠰᠤᠷᠭᠠᠭᠰᠠᠨ ᠬᠡᠮᠡᠪᠡ᠃
ᠠᠷᠢᠬᠪᠥ᠋ᠬᠡ ᠡᠬᠡ ᠶ᠋ᠢᠨ ᠢ᠋ᠶ᠋ᠡᠨ ᠶᠠᠳᠠᠷᠠᠵᠤ ᠰᠢᠷᠭᠠᠯᠲᠤᠭᠰᠠᠨ ᠴᠢᠷᠠᠢ ᠳ᠋ᠤ᠌ ᠲᠣᠳᠣᠷᠠᠬᠤ ᠬᠠᠢᠷ᠎ᠠ ᠤᠷᠭᠤᠭᠰᠠᠨ ᠨᠢᠳᠦ ᠶ᠋ᠢ ᠰᠢᠮᠰᠢᠷᠡᠨ ᠬᠠᠷᠠᠵᠤ ᠨᠢᠯᠪᠤᠰᠤ ᠳᠤᠰᠤᠭᠠᠨ ᠰᠠᠭᠤᠨ᠎ᠠ᠃ ᠮᠥᠩᠬᠡ ᠬᠠᠭᠠᠨ ᠤ᠋ ᠰᠡᠳᠬᠢᠯ ᠲᠠᠪᠠ ᠦᠭᠡᠢ ᠠᠵᠢ᠃ ᠲᠥᠷᠥ ᠶ᠋ᠢᠨ ᠰᠠᠢᠳ ᠮᠥᠩᠬᠡᠰᠠᠷᠠ ᠨᠣᠶᠠᠨᠲᠠᠨ ᠭᠠᠳᠠᠨ᠎ᠠ ᠡᠴᠡ ᠣᠷᠣᠵᠤ ᠢᠷᠡᠨ ᠬᠠᠭᠠᠨ ᠡᠵᠡᠨ ᠦ᠌ ᠴᠢᠬᠢᠨ ᠳ᠋ᠦ᠍ ᠨᠢᠭᠡ ᠶᠠᠭᠤᠮ᠎ᠠ ᠬᠡᠯᠡᠬᠦ ᠨᠢ ᠬᠠᠷᠠᠭᠳᠠᠪᠠ᠃ ᠰᠡᠳᠬᠢᠯ ᠲᠠᠪᠠ ᠦᠭᠡᠢ ᠰᠠᠭᠤᠭᠰᠠᠨ ᠮᠥᠩᠬᠡ ᠬᠠᠭᠠᠨ ᠤ᠋ ᠴᠢᠷᠠᠢ ᠳ᠋ᠤ᠌ ᠪᠠᠶᠠᠷ ᠲᠣᠳᠣᠷᠠᠵᠤ᠂ ᠲᠦᠳᠡᠭᠡᠨᠡ ᠨᠢᠳᠦᠨ ᠳ᠋ᠦ᠍ᠨᠢ ᠨᠢᠯᠪᠤᠰᠤ ᠳᠦᠭᠦᠷᠡᠩ ᠢᠷᠡᠪᠡ᠃ ᠠᠷᠢᠬᠪᠥ᠋ᠬᠡ ᠬᠠᠭᠠᠨ ᠢ᠋ ᠠᠩᠵᠠᠭᠠᠷᠠᠭᠰᠠᠨ ᠪᠣᠯᠤᠯᠲᠠᠢ᠂ ᠬᠡᠷᠬᠢᠨ ᠠᠰᠠᠭᠤᠬᠤ ᠪᠠᠨ ᠣᠯᠬᠤ ᠦᠭᠡᠢ ᠭᠠᠢᠬᠠᠨ ᠬᠠᠷᠠᠨ᠎ᠠ᠃ ᠮᠥᠩᠬᠡ ᠬᠠᠭᠠᠨ ᠡᠬᠡ ᠶ᠋ᠢ ᠪᠡᠨ ᠬᠠᠷᠠᠵᠤ᠂ ᠡᠵᠢ ᠮᠢᠨᠢ ᠲᠠ ᠡᠭᠡᠯ ᠨᠢᠭᠡᠨ ᠬᠠᠲᠤᠨ ᠪᠢᠰᠢ ᠪᠤᠶᠤ᠂ ᠲᠠᠨ ᠤ᠋ ᠯᠠᠭᠱᠠᠨ ᠴᠢᠯᠡᠭᠰᠡᠨ ᠢ᠋ ᠳᠤᠭᠤᠯᠤᠭᠠᠳ ᠣᠯᠠᠨ ᠱᠠᠰᠢᠨ ᠤ᠋ ᠲᠥᠯᠥᠭᠡᠯᠡᠭᠴᠢᠳ ᠨᠢᠭᠡᠳᠦᠨ ᠬᠠᠷᠠᠬᠣᠷᠣᠮ ᠡᠴᠡ ᠡᠳᠦᠭᠡ ᠡᠨᠳᠡ ᠢᠷᠡᠵᠡᠢ᠃ ᠲᠡᠳᠡ ᠥᠨᠥ ᠣᠷᠳᠣᠨ ᠤ᠋ ᠭᠠᠳᠠᠭ᠎ᠠ ᠲᠠᠨ ᠤ᠋ ᠲᠥᠯᠥᠭᠡ ᠥᠪᠡᠷ ᠥᠪᠡᠷ ᠦ᠋ᠨ ᠪᠤᠷᠬᠠᠨ ᠳ᠋ᠠᠭᠠᠨ ᠵᠠᠯᠪᠠᠷᠢᠵᠤ ᠪᠠᠢᠨ᠎ᠠ ᠬᠡᠮᠡᠪᠡ᠃ ᠡᠬᠡ ᠨᠢ ᠳᠡᠭᠡᠭᠰᠢ ᠥᠨᠳᠡᠢᠬᠦ ᠭᠡᠵᠦ ᠬᠦᠴᠦᠯᠡᠭᠰᠡᠨ ᠪᠣᠯᠪᠠᠴᠤ ᠴᠢᠳᠠᠭᠰᠠᠨ ᠦᠭᠡᠢ ᠳ᠋ᠦ᠍ ᠬᠥᠪᠡᠭᠦᠳ ᠡᠬᠡ ᠶ᠋ᠢ ᠪᠡᠨ ᠳᠡᠭᠡᠭᠰᠢ ᠪᠣᠰᠬᠠᠨ ᠡᠷᠭᠦᠨ ᠶᠠᠪᠤᠭᠰᠠᠭᠠᠷ ᠣᠷᠳᠣᠨ ᠡᠴᠡ ᠭᠠᠷᠪᠠ᠃
ᠭᠠᠳᠠᠭ᠎ᠠ ᠤᠷᠢᠨ ᠴᠠᠭ ᠨᠠᠭᠠᠰᠢᠯᠠᠨ ᠢᠷᠡᠭᠰᠡᠨ ᠦ᠌ ᠳᠣᠬᠢᠶ᠎ᠠ ᠡᠳᠦᠷ ᠡᠳᠦᠷ ᠢ᠋ᠶ᠋ᠡᠷ ᠢᠷᠡᠵᠦ ᠪᠣᠢ ᠶ᠋ᠢ ᠬᠠᠷᠠᠭᠤᠯᠤᠨ ᠮᠥᠩᠬᠡ ᠲᠩᠷᠢ ᠶ᠋ᠢᠨ ᠠᠯᠲᠠᠨ ᠨᠠᠷᠠᠨ ᠭᠠᠵᠠᠷ ᠳᠡᠯᠡᠬᠡᠢ ᠶ᠋ᠢ ᠵᠥᠭᠡᠯᠡᠨ ᠡᠭᠡᠭᠡᠨ ᠪᠠᠢᠨ᠎ᠠ᠃ ᠭᠣᠣᠯ ᠤᠨ ᠤᠰᠤ ᠵᠠᠬ᠎ᠠ ᠡᠴᠡ ᠪᠠᠨ ᠬᠠᠩᠵᠠᠷᠠᠵᠤ᠂ ᠴᠥᠩ ᠢ᠋ᠶ᠋ᠡᠨ ᠲᠦᠷᠢᠨ ᠨᠠᠭᠠᠰᠢᠯᠠᠵᠤ᠂ ᠠᠭᠤᠯᠠ ᠲᠠᠯ᠎ᠠ ᠴᠣᠬᠣᠷᠳᠠᠨ ᠬᠠᠷᠠᠯᠠᠨ᠎ᠠ᠃ ᠣᠷᠳᠣᠨ ᠤ᠋ ᠣᠢᠷ᠎ᠠ ᠣᠷᠴᠢᠮ ᠣᠯᠠᠨ ᠬᠥᠮᠦᠨ ᠬᠠᠷᠠᠭᠳᠠᠨ᠎ᠠ᠃ ᠲᠡᠳᠡᠨ ᠦ᠌ ᠳᠤᠮᠳᠠ ᠬᠦᠷᠡᠩ ᠣᠷᠬᠢᠮᠵᠢ ᠨᠥᠮᠥᠷᠦᠭᠰᠡᠨ ᠪᠤᠷᠬᠠᠨ ᠤ᠋ ᠱᠠᠰᠢᠨ ᠤ᠋ ᠯᠠᠮᠠ ᠨᠠᠷ᠂ ᠴᠠᠭᠠᠨ ᠪᠥᠰ ᠢ᠋ᠶ᠋ᠡᠷ ᠲᠣᠯᠣᠭᠠᠢ ᠪᠠᠨ ᠣᠷᠢᠶᠠᠭᠰᠠᠨ ᠢᠰᠯᠠᠮ ᠱᠠᠰᠢᠨ ᠤ᠋ ᠲᠥᠯᠥᠭᠡᠯᠡᠭᠴᠢᠳ᠂ ᠬᠠᠷ᠎ᠠ ᠥᠩᠭᠡ ᠶ᠋ᠢᠨ ᠬᠤᠪᠴᠠᠰᠤ ᠡᠮᠦᠰᠴᠦ ᠭᠠᠷ ᠲᠠᠭᠠᠨ ᠵᠠᠭᠠᠯᠮᠠᠢ ᠪᠠᠷᠢᠭᠰᠠᠨ ᠾᠷᠢᠰᠲ᠋ᠣᠰ ᠤᠨ ᠨᠣᠮᠯᠠᠭᠴᠢᠳ᠂ ᠡᠷᠢᠶᠡᠨ ᠮᠡᠷᠢᠶᠡᠨ ᠬᠤᠪᠴᠠᠰᠤ᠂ ᠰᠣᠨᠢᠨ ᠰᠣᠳᠣᠨ ᠡᠳ᠋ᠯᠡᠯ ᠲᠡᠢ ᠪᠥᠬᠡ ᠨᠠᠷ ᠣᠯᠠᠨ ᠢ᠋ᠶ᠋ᠠᠷ ᠢᠷᠡᠵᠦ ᠣᠷᠳᠣᠨ ᠤ᠋ ᠡᠮᠦᠨ᠎ᠡ ᠵᠣᠭᠰᠣᠵᠠᠭᠠᠵᠠᠢ᠃ ᠲᠡᠳᠡᠨ ᠦ᠌ ᠳᠤᠮᠳᠠ ᠡᠴᠡ ᠱᠠᠰᠢᠨ ᠤ᠋ ᠲᠡᠷᠢᠭᠦᠨ ᠭᠤᠩᠭᠠ ᠯᠠᠮᠠᠳᠠᠨ ᠬᠠᠲᠤᠨ ᠳ᠋ᠤ᠌ ᠣᠢᠷᠠᠲᠤᠨ ᠢᠷᠡᠵᠦ᠂
— ᠡᠰᠢ ᠦᠵᠡᠭᠦᠯᠦᠭᠴᠢ ᠬᠠᠲᠤᠨ ᠲᠠᠨ ᠤ᠋ ᠪᠡᠶ᠎ᠡ ᠴᠢᠯᠡᠭᠡᠷᠬᠡᠭᠰᠡᠨ ᠢ᠋ ᠳᠤᠭᠤᠯᠤᠭᠠᠳ ᠵᠣᠪᠠᠨᠢᠨ ᠥᠨᠥ ᠬᠠᠷᠠᠬᠣᠷᠣᠮ ᠤᠨ ᠰᠦᠰᠦᠭᠲᠡᠨ ᠣᠯᠠᠨ ᠪᠢᠳᠡ ᠴᠤᠭᠭᠠᠷ ᠪᠠᠷᠠᠯᠬᠠᠨ ᠢᠷᠡᠯ᠎ᠡ ᠬᠡᠮᠡᠭᠡᠳ ᠬᠠᠲᠤᠨ ᠤ᠋ ᠡᠮᠦᠨ᠎ᠡ ᠰᠥᠭᠥᠳᠦᠨ ᠮᠥᠷᠭᠥᠵᠦ᠂
— ᠠᠪᠤᠷᠠᠭᠴᠢ ᠪᠤᠳ᠋ᠳ᠋ᠾᠠ ᠶ᠋ᠢᠨ ᠮᠡᠯᠮᠡᠢ ᠲᠣᠯᠢᠳᠠᠨ ᠬᠠᠲᠤᠨ ᠲᠠᠨ ᠢ᠋ ᠢᠯᠠᠷᠢᠰᠢᠭᠤᠯᠬᠤ ᠪᠣᠯᠲᠤᠭᠠᠢ ᠬᠡᠮᠡᠬᠦ ᠳ᠋ᠦ᠍᠂ ᠢᠰᠯᠠᠮ ᠱᠠᠰᠢᠨ ᠤ᠋ ᠡᠯᠴᠢ ᠲᠥᠯᠥᠭᠡᠯᠡᠭᠴᠢ᠄
— ᠪᠢᠳᠡ ᠪᠦᠭᠦᠳᠡ ᠠᠷᠢᠭᠤᠨ ᠦᠨᠡᠨ ᠳ᠋ᠦ᠍ ᠬᠦᠷᠬᠦ ᠥᠪᠡᠷ ᠦ᠋ᠨ ᠵᠣᠷᠢᠯᠭ᠎ᠠ ᠲᠠᠢ ᠬᠡᠳᠦᠢ ᠴᠦ᠍ ᠥᠭᠡᠷ᠎ᠡ ᠥᠭᠡᠷ᠎ᠡ ᠵᠠᠮ ᠢ᠋ᠶ᠋ᠠᠷ ᠶᠠᠪᠤᠭᠰᠠᠭᠠᠷ ᠢᠷᠡᠭᠰᠡᠨ᠂ ᠬᠠᠲᠤᠨ ᠲᠠᠨ ᠤ᠋ ᠬᠡᠯᠡᠭᠰᠡᠨ ᠢ᠋ᠶ᠋ᠡᠷ ᠪᠢᠳᠡᠨ ᠦ᠌ ᠦᠨᠡᠨ ᠳ᠋ᠦ᠍ ᠬᠦᠷᠬᠦ ᠵᠠᠮ ᠨᠢ ᠥᠭᠡᠷ᠎ᠡ ᠴᠤ᠌ ᠵᠣᠷᠢᠯᠭ᠎ᠠ ᠨᠢ ᠨᠢᠭᠡ ᠭᠡᠳᠡᠭ ᠢ᠋ ᠤᠬᠠᠭᠠᠷᠠᠭᠰᠠᠨ ᠤ᠋ ᠤᠴᠢᠷ ᠥᠨᠥ ᠮᠣᠩᠭᠣᠯ ᠤᠨ ᠬᠥᠬᠡ ᠲᠩᠷᠢ ᠶ᠋ᠢᠨ ᠳᠣᠣᠷ᠎ᠠ ᠬᠠᠮᠲᠤ ᠳ᠋ᠠᠭᠠᠨ ᠠᠮᠤᠭᠤᠯᠠᠩ ᠰᠠᠭᠤᠨ᠎ᠠ ᠭᠡᠬᠦ ᠳ᠋ᠦ᠍ ᠾᠷᠢᠰᠲ᠋ᠣᠰ ᠤᠨ ᠨᠣᠮᠯᠠᠭᠴᠢ᠄
— ᠶᠢᠷᠲᠢᠨᠴᠦ ᠶ᠋ᠢᠨ ᠡᠵᠡᠨ ᠦ᠌ ᠠᠷᠢᠭᠤᠨ ᠨᠡᠷ᠎ᠡ ᠶ᠋ᠢᠨ ᠡᠮᠦᠨ᠎ᠡ ᠡᠴᠡ ᠬᠠᠲᠤᠨ ᠲᠠᠨ ᠤ᠋ ᠲᠥᠯᠥᠭᠡ ᠪᠢᠳᠡ ᠵᠠᠯᠪᠠᠷᠢᠯ ᠦᠢᠯᠡᠳᠦᠶ᠎ᠡ᠃ ᠮᠥᠩᠬᠡ ᠲᠩᠷᠢ ᠶ᠋ᠢᠨ ᠳᠣᠣᠷ᠎ᠠ ᠠᠷᠢᠭᠤᠨ ᠦᠨᠡᠨ ᠢ᠋ ᠲᠠᠨᠢᠭᠤᠯᠬᠤ ᠪᠢᠳᠡᠨ ᠦ᠌ ᠦᠢᠯᠡᠰ ᠲᠦ᠍ ᠣᠷᠣᠭᠤᠯᠤᠭᠰᠠᠨ ᠬᠠᠲᠤᠨ ᠲᠠᠨ ᠤ᠋ ᠠᠴᠢ ᠶ᠋ᠢ ᠰᠠᠨᠠᠨ ᠳᠤᠷᠠᠰᠴᠤ᠂ ᠢᠰᠦᠢᠰ ᠡᠴᠢᠭᠡ ᠳ᠋ᠡᠭᠡᠨ ᠵᠠᠯᠪᠠᠷᠢᠶ᠎ᠠ ᠬᠡᠮᠡᠯ᠎ᠡ᠃
ᠢᠷᠡᠭᠰᠡᠨ ᠯᠠᠮᠠ ᠬᠤᠸᠠᠷᠠᠭ ᠤ᠋ᠳ ᠥᠪᠡᠷᠰᠡᠳ ᠦ᠋ᠨ ᠪᠤᠷᠬᠠᠨ ᠱᠠᠰᠢᠨ ᠳ᠋ᠤ᠌ ᠬᠦᠨᠳᠦᠳᠬᠡᠯ ᠦᠵᠡᠭᠦᠯᠦᠨ᠂ ᠬᠠᠲᠤᠨ ᠡᠬᠡ ᠶ᠋ᠢᠨ ᠪᠡᠶ᠎ᠡ ᠲᠡᠩᠬᠡᠭᠡ ᠢᠯᠠᠷᠢᠰᠢᠬᠤ ᠶ᠋ᠢ ᠬᠦᠰᠡᠨ ᠵᠠᠯᠪᠠᠷᠢᠯ᠎ᠠ᠃ ᠲᠡᠳᠡ ᠥᠪᠡᠷ ᠥᠪᠡᠷ ᠦ᠋ᠨ ᠦᠭᠡ ᠬᠡᠯᠡ ᠪᠡᠷ᠂ ᠠᠢᠵᠠᠮ ᠬᠡᠮᠨᠡᠯ ᠢ᠋ᠶ᠋ᠡᠷ ᠵᠠᠯᠪᠠᠷᠢᠯ ᠦᠢᠯᠡᠳᠦᠨ ᠤᠩᠰᠢᠵᠤ ᠡᠬᠢᠯᠡᠭᠰᠡᠨ ᠮᠠᠨᠢ ᠲᠠᠷᠨᠢ᠂ ᠢᠷᠦᠭᠡᠯ ᠰᠢᠪᠰᠢᠯᠭᠡ᠂ ᠵᠠᠯᠪᠠᠷᠢᠯ ᠪᠦᠬᠦᠨ ᠶᠠᠪᠤᠭ᠎ᠠ ᠶᠠᠪᠤᠭᠠᠨ ᠳ᠋ᠠᠭᠠᠨ ᠨᠢᠭᠡᠨ ᠢᠵᠢᠯᠢ ᠠᠢᠵᠠᠮ ᠬᠡᠮᠨᠡᠯ ᠪᠣᠯᠤᠨ ᠦᠷᠭᠦᠯᠵᠢᠯᠡᠵᠦ᠂ ᠢᠳᠡᠷ ᠭᠣᠣᠯ ᠤᠨ ᠣᠷᠳᠣᠨ ᠤ᠋ ᠣᠢᠷᠠᠯᠴᠠᠭ᠎ᠠ ᠶᠡᠷᠦ ᠪᠤᠰᠤ ᠶ᠋ᠢᠨ ᠰᠣᠨᠢᠨ ᠰᠣᠳᠣᠨ ᠬᠥᠭ ᠠᠶᠠᠯᠭᠤ ᠶ᠋ᠢ ᠠᠪᠴᠤ ᠢᠷᠡᠪᠡ᠃ ᠰᠤᠷᠬᠠᠬᠳᠠᠨᠢ ᠬᠠᠲᠤᠨ ᠪᠠᠶᠠᠷ ᠭᠡᠢᠭᠰᠡᠨ ᠨᠢᠳᠦ ᠪᠡᠷ ᠲᠡᠳᠡᠨ ᠢ᠋ ᠬᠠᠷᠠᠬᠤ ᠠᠪᠠᠴᠤ ᠪᠡᠶ᠎ᠡ ᠲᠡᠩᠬᠡᠭᠡ ᠨᠢ ᠰᠠᠢᠨ ᠦᠭᠡᠢ ᠲᠤᠯᠠ ᠥᠪᠡᠷ ᠢ᠋ ᠪᠡᠨ ᠬᠦᠴᠦᠯᠡᠨ ᠪᠠᠢᠭ᠎ᠠ ᠨᠢ ᠠᠩᠵᠠᠭᠠᠷᠠᠭᠳᠠᠨ᠎ᠠ᠃ ᠡᠨᠡ ᠢᠷᠠᠭᠤ ᠠᠢᠵᠠᠮ ᠬᠡᠮᠨᠡᠯ ᠬᠡᠰᠡᠭ ᠦᠷᠭᠦᠯᠵᠢᠯᠡᠵᠦ᠂ ᠰᠣᠷᠬᠠᠬᠳᠠᠨᠢ ᠬᠠᠲᠤᠨ ᠰᠠᠭᠤᠳᠠᠯ ᠡᠴᠡ ᠪᠠᠨ ᠥᠨᠳᠡᠢᠨ ᠪᠣᠰᠤᠯ᠎ᠠ᠃ ᠪᠡᠶ᠎ᠡ ᠲᠡᠩᠬᠡᠭᠡ ᠰᠤᠯᠠ ᠪᠠᠢᠭ᠎ᠠ ᠡᠬᠡ ᠶ᠋ᠢ ᠪᠡᠨ ᠡᠢᠨ ᠪᠣᠰᠬᠤ ᠳ᠋ᠤ᠌ ᠬᠥᠪᠡᠭᠦᠳ ᠨᠢ ᠳᠥᠰᠢᠨ ᠠᠪᠤᠪᠠ᠃ ᠲᠡᠷᠡ ᠪᠡᠷ ᠴᠤᠭᠯᠠᠭᠰᠠᠨ ᠣᠯᠠᠨ ᠢ᠋ ᠪᠠᠬᠠᠳᠤᠯ ᠲᠠᠢ ᠪᠠᠷ ᠬᠠᠷᠠᠵᠤ᠂
—ᠮᠢᠨᠦ ᠲᠥᠯᠥᠭᠡ ᠥᠪᠡᠷ ᠥᠪᠡᠷ ᠦ᠋ᠨ ᠪᠤᠷᠬᠠᠳ ᠡᠴᠡ ᠪᠠᠨ ᠠᠪᠤᠷᠠᠯ ᠡᠷᠢᠨ ᠪᠠᠢᠭ᠎ᠠ ᠲᠠ ᠪᠦᠬᠦᠨ ᠢ᠋ ᠬᠠᠷᠠᠭᠠᠳ ᠰᠡᠳᠬᠢᠯ ᠤᠶᠠᠷᠠᠵᠤ ᠰᠠᠭᠤᠨ᠎ᠠ᠃ ᠮᠥᠩᠬᠡ ᠲᠡᠭᠷᠢ ᠶ᠋ᠢᠨ ᠴᠠᠭ ᠨᠢᠭᠡᠨᠲᠡ ᠢᠷᠡᠭᠰᠡᠨ ᠪᠣᠯ ᠪᠤᠷᠬᠠᠳ ᠲᠡᠭᠦᠨ ᠢ᠋ ᠵᠣᠭᠰᠣᠭᠠᠬᠤ ᠤᠴᠢᠷ ᠦᠭᠡᠢ᠂ ᠮᠥᠩᠬᠡ ᠲᠩᠷᠢ ᠨᠠᠮᠠᠶ᠋ᠢ ᠳᠠᠭᠤᠳᠠᠭᠤᠯᠤᠭᠰᠠᠨ ᠲᠤᠯᠠ ᠪᠢ ᠣᠴᠢᠬᠤ ᠤᠴᠢᠷ ᠲᠠᠢ᠂ ᠬᠠᠷᠢᠨ ᠡᠨᠡ ᠮᠡᠲᠦ ᠪᠡᠷ ᠲᠠ ᠪᠦᠬᠦᠨ ᠴᠤᠭᠭᠠᠷ ᠨᠢᠭᠡᠳᠦᠨ ᠶᠡᠬᠡ ᠮᠣᠩᠭᠣᠯ ᠤᠯᠤᠰ ᠤᠨ ᠲᠥᠯᠥᠭᠡ ᠵᠠᠯᠪᠠᠷᠢᠵᠤ ᠮᠥᠩᠬᠡ ᠲᠡᠭᠷᠢ ᠶ᠋ᠢᠨ ᠳᠣᠣᠷ᠎ᠠ᠂ ᠮᠣᠩᠭᠣᠯ ᠤᠨ ᠲᠠᠯ᠎ᠠ ᠳ᠋ᠤ᠌ ᠠᠮᠤᠷ ᠠᠮᠤᠭᠤᠯᠠᠩ ᠢ᠋ ᠠᠪᠴᠤ ᠢᠷᠡᠬᠦ ᠪᠣᠯᠲᠤᠭᠠᠢ᠃ ᠬᠠᠷᠢᠨ ᠣᠳᠣ ᠲᠠ ᠪᠦᠬᠦᠨ ᠡᠴᠡ ᠬᠦᠰᠡᠬᠦ ᠶᠠᠭᠤᠮ᠎ᠠ ᠪᠠᠢᠨ᠎ᠠ᠃ ᠬᠠᠮᠲᠤ ᠳ᠋ᠠᠭᠠᠨ ᠮᠣᠩᠭᠣᠯ ᠤᠨ ᠲᠥᠯᠥᠭᠡ ᠵᠠᠯᠪᠠᠷᠢᠵᠠᠭᠠᠶᠠ ᠭᠡᠵᠦ ᠬᠡᠯᠡᠪᠡ᠃ ᠲᠡᠳᠡ ᠴᠤᠭᠭᠠᠷ ᠳᠡᠭᠡᠷ᠎ᠡ ᠬᠥᠬᠡᠷᠡᠭᠴᠢ ᠮᠥᠩᠬᠡ ᠲᠡᠭᠷᠢ ᠶ᠋ᠢᠨ ᠣᠷᠣᠨ ᠮᠣᠩᠭᠣᠯ ᠤᠨ ᠲᠥᠯᠥᠭᠡ ᠰᠡᠳᠬᠢᠯ ᠵᠢᠷᠦᠬᠡᠨ ᠡᠴᠡ ᠪᠡᠨ ᠰᠦᠰᠦᠭᠯᠡᠨ ᠵᠠᠯᠪᠠᠷᠢᠵᠤ ᠲᠦᠳᠡᠭᠡᠨᠡ ᠨᠢᠭᠡᠨ ᠬᠡᠮᠨᠡᠯ ᠪᠣᠯᠤᠨ ᠴᠤᠤᠷᠢᠶᠠᠲᠤᠵᠤ᠂ ᠡᠨᠡ ᠳᠠᠭᠤ ᠲᠡᠭᠷᠢ ᠳ᠋ᠦ᠍ ᠬᠦᠷᠲᠡᠯ᠎ᠡ ᠰᠣᠨᠣᠰᠤᠭᠳᠠᠬᠤ ᠰᠢᠭ᠋ ᠪᠣᠯᠪᠠ᠃
ᠣᠯᠠᠨ ᠱᠠᠰᠢᠨ ᠤ᠋ ᠲᠥᠯᠥᠭᠡᠯᠡᠯ ᠦ᠋ᠳ ᠦ᠋ᠨ ᠬᠠᠮᠲᠤ ᠶᠡᠬᠡ ᠮᠣᠩᠭᠣᠯ ᠤᠨ ᠲᠥᠯᠥᠭᠡ ᠵᠠᠯᠪᠠᠷᠢᠵᠤ᠂ ᠭᠠᠳᠠᠭ᠎ᠠ ᠤᠳᠠᠭᠠᠨ ᠰᠠᠭᠤᠭᠰᠠᠨ ᠬᠠᠲᠤᠨ ᠡᠬᠡ ᠶ᠋ᠢ ᠪᠡᠨ ᠬᠥᠪᠡᠭᠦᠳ ᠨᠢ ᠳᠣᠲᠣᠭᠰᠢ ᠣᠷᠣᠭᠤᠯᠪᠠ᠃ ᠣᠷᠣᠨ ᠳ᠋ᠠᠭᠠᠨ ᠬᠡᠪᠲᠡᠭᠰᠡᠨ ᠦ᠌ ᠳᠠᠷᠠᠭ᠎ᠠ ᠰᠤᠷᠬᠠᠬᠳᠠᠨᠢ᠄
—ᠡᠭᠡᠴᠢ ᠢᠪᠠᠭ᠎ᠠ ᠲᠠᠢ ᠴᠢᠩᠭᠢᠰ ᠬᠠᠭᠠᠨ ᠳ᠋ᠤ᠌ ᠢᠷᠡᠵᠦ ᠪᠠᠢᠭᠰᠠᠨ ᠲᠡᠷᠡ ᠡᠳᠦᠷ ᠣᠳᠣ ᠴᠤ᠌ ᠨᠢᠳᠦᠨ ᠦ᠌ ᠡᠮᠦᠨ᠎ᠡ ᠬᠠᠷᠠᠭᠳᠠᠵᠤ ᠪᠠᠢᠨ᠎ᠠ᠃ ᠡᠵᠡᠨ ᠬᠠᠭᠠᠨ ᠤ᠋ ᠬᠠᠢᠷ᠎ᠠ ᠬᠡᠰᠢᠭ ᠢ᠋ ᠬᠦᠯᠢᠶᠡᠨ ᠡᠨᠡ ᠪᠣᠱᠣᠭ᠎ᠠ ᠪᠠᠷ ᠠᠯᠬᠤᠭᠰᠠᠨ ᠴᠠᠭ ᠡᠴᠡ ᠬᠣᠢᠰᠢ ᠨᠠᠳᠠ ᠳ᠋ᠤ᠌ ᠬᠤᠪᠢ ᠲᠠᠪᠢᠯᠠᠩ ᠤᠨ ᠶᠠᠮᠠᠷ ᠴᠤ᠌ ᠰᠣᠩᠭᠣᠯᠲᠠ ᠳ᠋ᠤ᠌ ᠬᠣᠢᠰᠢ ᠤᠬᠤᠷᠢᠬᠤ ᠵᠠᠮ ᠪᠠᠢᠭᠰᠠᠨ ᠦᠭᠡᠢ ᠶ᠋ᠢ ᠲᠡᠭᠷᠢ ᠳ᠋ᠦ᠍ ᠰᠠᠭᠤᠭ᠎ᠠ ᠥᠭᠡᠯᠦᠨ ᠡᠬᠡ᠂ ᠪᠥᠷᠲᠡ ᠬᠠᠲᠤᠨ ᠮᠢᠨᠢ ᠣᠢᠯᠠᠭᠠᠵᠤ ᠪᠠᠢᠭᠰᠠᠨ ᠱᠢᠭ᠋ ᠡᠵᠡᠨᠲᠦ ᠭᠦᠷᠦᠨ ᠦ᠌ ᠵᠢᠯᠣᠭᠣ ᠶ᠋ᠢ ᠠᠳᠬᠤᠭᠰᠠᠨ ᠮᠢᠨᠦ ᠬᠥᠪᠡᠭᠦᠳ ᠲᠦ᠍ ᠲᠡᠷᠡ ᠵᠢᠯᠣᠭᠣ ᠴᠤᠯᠪᠤᠭᠤᠷ ᠢ᠋ ᠰᠤᠯᠠ ᠲᠠᠯᠪᠢᠬᠤ ᠡᠷᠬᠡ ᠪᠠᠢᠬᠤ ᠦᠭᠡᠢ ᠶ᠋ᠢ ᠰᠠᠨᠠᠨ ᠡᠬᠡ ᠶ᠋ᠢᠨ ᠢ᠋ᠶ᠋ᠡᠨ ᠵᠠᠬᠢᠶᠠᠰᠤᠨ ᠳ᠋ᠤ᠌ ᠦᠨᠡᠨᠴᠢ ᠶᠠᠪᠤᠨ᠎ᠠ ᠭᠡᠳᠡᠭ ᠲᠦ᠍ ᠢᠲᠡᠭᠡᠵᠦ ᠪᠠᠢᠨ᠎ᠠ᠃ ᠪᠢ ᠲᠠ ᠨᠠᠷ ᠲᠤ᠌ ᠡᠨᠡ ᠳᠡᠯᠡᠬᠡᠢ ᠶ᠋ᠢᠨ ᠬᠠᠮᠤᠭ ᠤᠨ ᠬᠦᠴᠦᠷᠬᠡᠭ ᠡᠵᠡᠨᠲᠦ ᠤᠯᠤᠰ ᠤᠨ ᠵᠢᠯᠣᠭᠣ ᠶ᠋ᠢ ᠠᠳᠬᠤᠭᠤᠯᠤᠭᠰᠠᠨ ᠲᠤᠯᠠ᠂ ᠡᠬᠡ ᠡᠴᠡ ᠪᠡᠨ ᠬᠣᠢᠰᠢ ᠴᠤ᠌ ᠮᠢᠨᠦ ᠦᠨᠡᠨ ᠢ᠋ ᠳᠤᠷᠠᠰᠤᠨ ᠰᠠᠨᠠᠵᠤ᠂ ᠡᠪ ᠡᠶ᠎ᠡ ᠶ᠋ᠢ ᠬᠢᠴᠢᠶᠡᠨ ᠰᠠᠭᠤᠵᠤ᠂ ᠡᠨᠡᠷᠢᠯ ᠲᠡᠢ᠂ ᠥᠷᠥᠰᠢᠶᠡᠯ ᠲᠡᠢ᠂ ᠬᠣᠯᠠᠴᠢ ᠤᠬᠠᠭᠠᠨ ᠲᠠᠢ ᠡᠵᠡᠨ ᠬᠠᠭᠠᠳ ᠶᠠᠪᠤᠭᠠᠷᠠᠢ ᠭᠡᠵᠦ ᠬᠡᠯᠡᠭᠡᠳ ᠬᠠᠲᠤᠨ ᠲᠦᠷ ᠳᠠᠭᠤ ᠪᠠᠨ ᠬᠤᠷᠢᠶᠠᠯ᠎ᠠ᠃
ᠵᠢᠷᠦᠬᠡᠨ ᠲᠤᠰᠢᠶ᠎ᠠ ᠨᠢ ᠬᠦᠴᠦᠲᠡᠢ ᠡᠪᠡᠳᠴᠦ ᠪᠠᠢᠭ᠎ᠠ ᠡᠴᠡ ᠲᠡᠷᠡ ᠶᠠᠷᠢᠶ᠎ᠠ ᠪᠠᠨ ᠴᠠᠭᠠᠰᠢ ᠦᠷᠭᠦᠯᠵᠢᠯᠡᠭᠦᠯᠵᠦ ᠴᠢᠳᠠᠬᠤ ᠦᠭᠡᠢ ᠪᠠᠢᠬᠤ ᠰᠢᠭ᠋ ᠬᠠᠷᠠᠭᠳᠠᠨ᠎ᠠ᠃ ᠡᠵᠡᠨᠲᠦ ᠭᠦᠷᠦᠨ ᠦ᠌ ᠨᠤᠲᠤᠭ ᠳᠡᠪᠢᠰᠬᠡᠷ ᠳᠠᠬᠢ ᠭᠠᠵᠠᠷ ᠭᠠᠵᠠᠷ ᠤᠨ ᠶᠡᠬᠡ ᠬᠠᠭᠠᠳ᠂ ᠣᠯᠠᠨ ᠱᠠᠰᠢᠨ ᠤ᠋ ᠲᠥᠯᠥᠭᠡᠯᠡᠯ ᠦ᠋ᠳ ᠴᠤᠭᠯᠠᠭᠰᠠᠨ ᠢᠳᠡᠷ ᠭᠣᠣᠯ ᠤᠨ ᠤᠷᠲᠤ ᠣᠷᠴᠢᠮ ᠬᠥᠯ ᠬᠥᠳᠡᠯᠭᠡᠭᠡᠨ ᠶᠡᠬᠡ ᠲᠡᠢ ᠪᠠᠢᠯ᠎ᠠ᠃
ᠰᠤᠷᠬᠠᠭᠳᠠᠨᠢ ᠬᠠᠲᠤᠨ ᠡᠬᠡ ᠶ᠋ᠢᠨ ᠪᠡᠶ᠎ᠡ ᠨᠢᠭᠡ ᠬᠡᠰᠡᠭ ᠳᠡᠭᠡᠷᠡᠳᠡᠨ ᠪᠠᠢᠭᠠᠳ ᠨᠠᠷᠠ ᠵᠢᠷᠭᠠᠬᠤ ᠶ᠋ᠢᠨ ᠠᠯᠲᠠ ᠳ᠋ᠤ᠌ ᠲᠣᠭᠣᠷᠢᠨ ᠰᠠᠭᠤᠭᠰᠠᠨ ᠬᠥᠪᠡᠭᠦᠳ ᠢ᠋ᠶ᠋ᠡᠨ ᠡᠴᠦᠰ ᠦ᠋ᠨ ᠤᠳᠠᠭ᠎ᠠ ᠬᠠᠷᠠᠬᠤ ᠳ᠋ᠠᠭᠠᠨ᠂
—ᠮᠥᠩᠬᠡ ᠲᠩᠷᠢ ᠡᠴᠡ ᠳᠥᠷᠪᠡᠨ ᠣᠳᠣ ᠣᠢᠷᠠᠲᠤᠨ ᠢᠷᠡᠵᠡᠢ
ᠮᠠᠭᠠᠳ ᠨᠠᠮᠠᠶ᠋ᠢ ᠳᠠᠭᠤᠳᠠᠵᠤ ᠪᠠᠢᠭ᠎ᠠ ᠬᠡᠷᠡᠭ ᠪᠢᠵᠡ
ᠮᠢᠨᠦ ᠠᠷᠤ ᠡᠴᠡ ᠶᠡᠬᠡ ᠣᠢ ᠶ᠋ᠢ ᠪᠦᠦ ᠦᠢᠯᠡᠳ ᠭᠡᠵᠦ ᠬᠡᠯᠡᠭᠡᠳ ᠨᠢᠳᠦ ᠪᠡᠨ ᠠᠯᠭᠤᠷᠬᠠᠨ ᠠᠨᠢᠯ᠎ᠠ᠃ ᠤᠨᠲᠠᠵᠤ ᠪᠠᠢᠭ᠎ᠠ ᠬᠥᠮᠦᠨ ᠰᠢᠭ ᠭᠦᠨ ᠠᠮᠤᠷᠯᠢᠩᠭᠤᠢ ᠴᠢᠷᠠᠢ ᠳ᠋ᠤᠨᠢ ᠲᠣᠳᠣᠷᠠᠬᠤ ᠳ᠋ᠤ᠌ ᠬᠠᠮᠠᠷ ᠤᠨ ᠬᠢᠨᠢ ᠰᠠᠮᠰᠠ ᠬᠣᠭᠣᠷᠣᠨᠳᠣ ᠪᠠᠨ ᠣᠢᠷᠠᠲᠤᠨ ᠢᠷᠡᠯ᠎ᠡ᠃
ᠠᠮᠤᠷᠯᠢᠩᠭᠤᠢ ᠶ᠋ᠢᠨ ᠳᠦᠷᠢ ᠶ᠋ᠢ ᠣᠯᠤᠨ ᠤᠨᠲᠠᠵᠤ ᠪᠣᠢ ᠮᠡᠲᠦ ᠬᠠᠲᠤᠨ ᠡᠬᠡ ᠶ᠋ᠢᠨ ᠰᠤᠳᠠᠰᠤ ᠶ᠋ᠢ ᠪᠠᠷᠢᠵᠤ ᠰᠠᠭᠤᠭᠰᠠᠨ ᠣᠲᠠᠴᠢ ᠥᠭᠡᠳᠡ ᠡᠴᠡ ᠨᠢ ᠶᠠᠮᠠᠷ ᠨᠢᠭᠡᠨ ᠦᠭᠡ ᠬᠦᠯᠢᠶᠡᠨ ᠪᠠᠢᠭ᠎ᠠ ᠬᠥᠮᠦᠰ ᠲᠦ᠍ ᠬᠡᠷᠬᠢᠨ ᠶᠠᠭᠤ ᠶ᠋ᠢ ᠬᠡᠯᠡᠬᠦ ᠪᠡᠨ ᠮᠡᠳᠡᠬᠦ ᠦᠭᠡᠢ ᠠᠮᠠ ᠨᠢ ᠠᠩᠭᠠᠯᠵᠠᠨᠠ᠃ ᠣᠲᠠᠴᠢ ᠶ᠋ᠢᠨ ᠠᠩᠭᠠᠯᠵᠠᠵᠤ ᠪᠠᠢᠭ᠎ᠠ ᠠᠮᠠ᠂ ᠨᠢᠯᠪᠤᠰᠤ ᠳᠥᠭᠥᠷᠦᠨ ᠢᠷᠡᠭᠰᠡᠨ ᠨᠢᠳᠦᠨ ᠡᠴᠡ ᠲᠡᠳᠡ ᠬᠠᠢᠷᠠᠲᠠᠢ ᠡᠵᠢ ᠨᠢ ᠮᠥᠩᠬᠡ ᠲᠩᠷᠢ ᠶ᠋ᠢᠨ ᠣᠷᠣᠨ᠎ᠠ ᠣᠳᠴᠠᠢ ᠭᠡᠳᠡᠭ ᠢ᠋ ᠣᠢᠯᠠᠭᠠᠪᠠ᠃ ᠬᠤᠳᠠᠯ ᠪᠠᠢᠭᠠᠰᠠᠢ ᠭᠡᠵᠦ ᠬᠦᠰᠡᠬᠦ ᠵᠦᠢᠯ ᠬᠥᠮᠦᠨ ᠦ᠌ ᠠᠮᠢᠳᠤᠷᠠᠯ ᠡᠢᠮᠦ ᠯᠡ ᠦᠶ᠎ᠡ ᠳ᠋ᠦ᠍ ᠮᠥᠩᠬᠡ ᠲᠩᠷᠢ ᠶ᠋ᠢᠨ ᠳᠣᠣᠷ᠎ᠠ ᠶᠠᠮᠠᠷ ᠴᠤ᠌ ᠬᠦᠴᠦ ᠦᠭᠡᠢ ᠪᠣᠯᠬᠤ ᠦᠶ᠎ᠡ ᠳ᠋ᠦ᠍ ᠬᠠᠭᠠᠨ ᠬᠠᠷᠠᠴᠤ ᠠᠯᠢᠨ ᠳ᠋ᠤᠨᠢ ᠲᠥᠷᠥᠳᠡᠭ ᠨᠢ ᠮᠥᠩᠬᠡ ᠪᠤᠰᠤ ᠶ᠋ᠢᠨ ᠦᠨᠡᠨ ᠪᠢᠵᠡ᠃
— ᠡᠵᠢ ᠮᠢᠨᠢ᠂ ᠬᠠᠢᠷᠠᠲᠤ ᠡᠵᠢ ᠮᠢᠨᠢ ᠭᠡᠵᠦ ᠬᠠᠯᠠᠭᠯᠠᠬᠤ ᠨᠢ ᠰᠣᠨᠣᠰᠤᠭᠳᠠᠨ᠎ᠠ᠃ ᠣᠷᠳᠣᠨ ᠤ᠋ ᠠᠨᠢᠷ ᠦᠭᠡᠢ ᠶ᠋ᠢ ᠢᠷᠡᠨ ᠰᠣᠨᠣᠰᠳᠠᠬᠤ ᠲᠡᠮᠦᠭᠡᠨ ᠪᠡᠬᠢ ᠶ᠋ᠢᠨ ᠤᠬᠢᠯᠠᠬᠤ ᠳᠠᠭᠤᠨ ᠢ᠋ᠶ᠋ᠠᠷ ᠬᠥᠪᠡᠭᠦᠳ ᠦ᠋ᠨ ᠵᠢᠷᠦᠬᠡᠨ ᠡᠴᠡ ᠬᠠᠷᠠᠭᠤᠰᠤᠯ ᠣᠭᠰᠢᠨ ᠳᠡᠭᠡᠭᠰᠢᠯᠡᠪᠡ᠃ ᠮᠥᠩᠬᠡ ᠬᠠᠭᠠᠨ ᠵᠠᠩᠭᠢᠷᠠᠨ ᠢᠷᠡᠭᠰᠡᠨ ᠨᠢᠯᠪᠤᠰᠤ ᠪᠠᠨ ᠪᠠᠷᠢᠵᠤ ᠰᠠᠭᠤᠨ᠎ᠠ᠃
ᠬᠠᠲᠤᠨ ᠡᠬᠡ ᠮᠥᠩᠬᠡ ᠲᠩᠷᠢ ᠳ᠋ᠡᠭᠡᠨ ᠪᠤᠴᠠᠭᠰᠠᠨ ᠮᠡᠳᠡᠭᠡ ᠢᠳᠡᠷ ᠭᠣᠣᠯ ᠤᠨ ᠣᠷᠳᠣᠨ ᠳ᠋ᠤ᠌ ᠰᠣᠨᠣᠰᠤᠭᠳᠠᠬᠤ ᠳ᠋ᠤ᠌ ᠣᠯᠠᠨ ᠱᠠᠰᠢᠨ ᠤ᠋ ᠡᠯᠴᠢ ᠲᠥᠯᠥᠭᠡᠯᠡᠭᠴᠢᠳ ᠥᠪᠡᠷ ᠥᠪᠡᠷ ᠦ᠋ᠨ ᠪᠤᠷᠬᠠᠨ ᠳ᠋ᠤ᠌ ᠵᠠᠯᠪᠠᠷᠢᠵᠤ ᠬᠠᠲᠤᠨ ᠡᠬᠡ ᠶ᠋ᠢ ᠮᠥᠩᠬᠡ ᠲᠩᠷᠢ ᠶ᠋ᠢᠨ ᠣᠷᠣᠨ᠎ᠠ ᠦᠳᠡᠨ ᠶᠠᠪᠤᠭᠤᠯᠤᠯ᠎ᠠ᠃ ᠣᠷᠳᠣᠨ ᠤ᠋ ᠭᠠᠳᠠᠨ᠎ᠠ ᠬᠤᠷᠠᠭᠰᠠᠨ ᠣᠯᠠᠨ ᠲᠩᠷᠢ ᠡᠴᠡ ᠳᠥᠷᠪᠡᠨ ᠣᠳᠣ ᠣᠢᠷᠠᠲᠤᠨ ᠢᠷᠡᠭᠰᠡᠨ ᠪᠠᠢᠬᠤ ᠶ᠋ᠢ ᠬᠠᠷᠠᠭᠠᠳ ᠭᠠᠢᠬᠠᠨ ᠪᠢᠰᠢᠷᠡᠵᠦ ᠮᠥᠩᠬᠡ ᠲᠩᠷᠢ ᠳ᠋ᠡᠭᠡᠨ ᠰᠦᠰᠦᠭᠯᠡᠨ ᠵᠠᠯᠪᠠᠷᠢᠵᠤ ᠪᠠᠢᠬᠤ ᠳ᠋ᠤ᠌ ᠬᠠᠲᠤᠨ ᠤ᠋ ᠬᠥᠪᠡᠭᠦᠳ ᠲᠡᠷᠡ ᠳᠥᠷᠪᠡᠨ ᠣᠳᠣᠨ ᠤ᠋ ᠵᠦᠭ ᠬᠠᠷᠠᠵᠤ ᠡᠬᠡ ᠶ᠋ᠢᠨ ᠢ᠋ᠶ᠋ᠡᠨ《ᠭᠠᠵᠠᠷ ᠤᠨ ᠶᠠᠪᠤᠳᠠᠯ ᠢ᠋ ᠲᠠᠨᠢᠵᠤ ᠪᠠᠷᠠᠭᠰᠠᠨ ᠤ᠋ ᠳᠠᠷᠠᠭ᠎ᠠ ᠲᠩᠷᠢ ᠶ᠋ᠢᠨ ᠶᠠᠪᠤᠳᠠᠯ ᠢ᠋ ᠳᠤᠯᠢᠳᠠᠨ ᠬᠠᠷᠠᠬᠤ ᠤᠴᠢᠷ ᠲᠠᠢ᠂ ᠮᠥᠩᠬᠡ ᠲᠩᠷᠢ ᠳ᠋ᠦ᠍ ᠶᠠᠮᠠᠷᠬᠠᠨ ᠦᠨᠡᠨ ᠣᠷᠣᠰᠢᠨ᠎ᠠ ᠪᠣᠢ》 ᠭᠡᠵᠦ ᠬᠡᠯᠡᠭᠰᠡᠨ ᠦᠭᠡ ᠶ᠋ᠢ ᠰᠠᠨᠠᠵᠠᠭᠠᠵᠤ ᠪᠠᠢᠪᠠ᠃
ᠮᠥᠩᠬᠡ ᠨᠣᠢᠷ ᠲᠠᠭᠠᠨ ᠨᠣᠢᠷᠰᠤᠭᠰᠠᠨ ᠬᠠᠲᠤᠨ ᠡᠬᠡ ᠠᠮᠤᠷᠯᠢᠩᠭᠤᠢ ᠪᠠᠷ ᠤᠨᠲᠠᠵᠤ ᠪᠣᠢ ᠮᠡᠲᠦ ᠬᠠᠷᠠᠭᠳᠠᠨ᠎ᠠ᠃ ᠡᠨᠡ ᠠᠮᠢᠳᠤᠷᠠᠯ ᠲᠡᠭᠦᠰᠬᠡᠯ ᠦᠭᠡᠢ᠃ ᠮᠦᠩᠬᠡᠲᠡ ᠨᠣᠢᠷᠰᠤᠭᠰᠠᠨ ᠬᠠᠲᠤᠨ ᠡᠬᠡ ᠲᠩᠷᠢ ᠶ᠋ᠢᠨ ᠣᠷᠣᠨ ᠳ᠋ᠠᠭᠠᠨ ᠪᠤᠴᠠᠭᠰᠠᠨ ᠬᠡᠷᠡᠭ᠃ ᠠᠯᠠᠭ ᠽᠠᠮᠪᠤᠯᠢᠩ ᠪᠠᠢᠭᠰᠠᠭᠠᠷ ᠠᠬᠤᠢ ᠳ᠋ᠤ᠌ ᠠᠮᠢᠳᠤᠷᠠᠯ ᠮᠥᠨ ᠦᠷᠭᠦᠯᠵᠢᠯᠡᠳᠡᠭ᠃ ᠨᠢᠭᠡᠨ ᠨᠠᠰᠤᠨ ᠤ᠋ ᠠᠮᠢᠳᠤᠷᠠᠯ ᠪᠣᠯ ᠨᠢᠭᠡᠨ ᠤᠳᠠᠭ᠎ᠠ ᠬᠤᠪᠴᠠᠰᠤ ᠪᠠᠨ ᠲᠠᠢᠯᠬᠤ ᠲᠠᠢ ᠯᠠ ᠠᠳᠠᠯᠢ᠃ ᠲᠠᠯ᠎ᠠ ᠨᠤᠲᠤᠭ ᠲᠤ᠌ ᠨᠡᠭᠦᠳᠡᠯᠯᠡᠨ ᠠᠮᠢᠳᠤᠷᠠᠳᠠᠭ ᠮᠣᠩᠭᠣᠯ ᠬᠥᠮᠦᠨ ᠦ᠌ ᠬᠤᠪᠢ ᠳ᠋ᠤ᠌ ᠨᠢᠭᠡ ᠭᠠᠵᠠᠷ ᠡᠴᠡ ᠨᠥᠭᠦᠭᠡ ᠤᠷᠤᠭᠤ ᠨᠡᠭᠦᠳᠡᠯᠯᠡᠨ ᠶᠠᠪᠤᠵᠤ ᠪᠠᠢᠭ᠎ᠠ ᠲᠠᠢ ᠯᠠ ᠢᠵᠢᠯ ᠶᠤᠮ ᠭᠡᠳᠡᠭ ᠢ᠋ ᠬᠠᠲᠤᠨ ᠤ᠋ ᠠᠮᠤᠷᠯᠢᠩᠭᠤᠢ ᠳᠦᠷᠢ ᠲᠥᠷᠬᠦ ᠬᠠᠷᠠᠭᠤᠯᠵᠤ ᠪᠠᠢᠯ᠎ᠠ᠃ ᠡᠬᠢᠯᠡᠯ ᠪᠠᠢᠳᠠᠭ ᠰᠢᠭ᠋ ᠲᠡᠭᠦᠰᠬᠡᠯ ᠪᠠᠢᠳᠠᠭ᠂ ᠲᠡᠭᠦᠰᠬᠡᠯ ᠦ᠋ᠨ ᠳᠠᠷᠠᠭ᠎ᠠ ᠳᠠᠬᠢᠨ ᠡᠬᠢᠯᠡᠯ ᠢᠷᠡᠳᠡᠭ᠃
ᠡᠭᠦᠷᠢᠳᠡ ᠦᠷᠭᠦᠯᠵᠢᠯᠡᠬᠦ ᠬᠤᠪᠢ ᠲᠠᠪᠢᠯᠠᠩ ᠤᠨ ᠡᠷᠭᠢᠭᠦᠯᠭᠡ ᠳ᠋ᠦ᠍ ᠰᠤᠷᠬᠠᠭᠲᠠᠨᠢ ᠬᠡᠵᠢᠶ᠎ᠡ ᠨᠢᠭᠡᠨ ᠴᠠᠭ ᠲᠤ᠌ ᠮᠥᠩᠬᠡ ᠲᠩᠷᠢ ᠡᠴᠡ ᠪᠡᠨ ᠪᠠᠭᠤᠵᠤ᠂ ᠬᠤᠪᠢ ᠲᠠᠪᠢᠯᠠᠩ ᠤᠨ ᠡᠷᠭᠢᠭᠦᠯᠭᠡ ᠳ᠋ᠦ᠍ ᠳᠠᠬᠢᠨ ᠬᠠᠮᠢᠭ᠎ᠠ ᠨᠢᠭᠡᠨ ᠭᠠᠵᠠᠷ ᠡᠴᠡ ᠠᠯᠲᠠᠨ ᠬᠠᠢᠷᠴᠠᠭ ᠢ᠋ᠶ᠋ᠠᠨ ᠣᠯᠬᠤ ᠪᠢᠵᠡ᠃ ᠮᠥᠩᠬᠡ ᠲᠩᠷᠢ ᠡᠴᠡ ᠣᠢᠷᠠᠲᠤᠨ ᠢᠷᠡᠭᠰᠡᠨ ᠳᠥᠷᠪᠡᠨ ᠰᠢᠷᠬᠡᠭ ᠣᠳᠣ ᠲᠡᠷᠡ ᠰᠥᠨᠢ ᠶ᠋ᠢᠨ ᠲᠤᠷᠰᠢᠳᠠ ᠬᠠᠲᠤᠨ ᠡᠬᠡ ᠶ᠋ᠢᠨ ᠡᠷᠳᠡᠨᠢ ᠮᠡᠲᠦ ᠪᠡᠶ᠎ᠡ ᠶ᠋ᠢ ᠬᠠᠳᠠᠭᠠᠯᠠᠨ ᠪᠠᠢᠬᠤ ᠢᠳᠡᠷ ᠭᠣᠣᠯ ᠤᠨ ᠣᠷᠳᠣᠨ ᠤ᠋ ᠳᠡᠭᠡᠷ᠎ᠡ ᠮᠠᠨᠳᠤᠭᠠᠳ ᠦᠦᠷ ᠲᠡᠮᠳᠡᠭᠷᠡᠬᠦ ᠲᠡᠢ ᠵᠡᠷᠭᠡᠴᠡᠨ ᠵᠢᠷᠭᠠᠭᠰᠠᠨ ᠪᠠᠢᠪᠠ᠃
ᠲᠡᠭᠦᠰᠬᠡᠯ
1252 ᠣᠨ ᠳ᠋ᠤ᠌ ᠮᠥᠩᠬᠡ ᠲᠩᠷᠢ ᠳ᠋ᠡᠭᠡᠨ ᠪᠤᠴᠠᠭᠰᠠᠨ ᠰᠤᠷᠬᠠᠭᠲᠠᠨᠢ ᠬᠠᠲᠤᠨ ᠲᠤᠬᠠᠢ ᠶ᠋ᠢᠨ ᠦᠶ᠎ᠡ ᠶ᠋ᠢᠨ ᠳᠡᠯᠡᠬᠡᠢ ᠶ᠋ᠢᠨ ᠬᠠᠮᠤᠭ ᠤᠨ ᠲᠣᠮᠣ᠂ ᠬᠦᠴᠦᠷᠬᠡᠭ ᠡᠵᠡᠨᠲᠦ ᠭᠦᠷᠦᠨ ᠢ᠋ ᠬᠡᠦᠬᠡᠳ ᠦ᠋ᠳ ᠦ᠋ᠨ ᠢ᠋ᠶ᠋ᠡᠨ ᠭᠠᠷ ᠲᠤ᠌ ᠠᠳᠬᠤᠭᠤᠯᠤᠭᠰᠠᠨ ᠪᠠᠢᠯ᠎ᠠ᠃ ᠥᠭᠡᠳᠡᠢ ᠶ᠋ᠢᠨ ᠤᠳᠤᠮ ᠡᠴᠡ ᠲᠤᠯᠤᠢ ᠶ᠋ᠢᠨ ᠤᠳᠤᠮ ᠳ᠋ᠤ᠌ ᠬᠠᠭᠠᠨᠲᠤ ᠲᠥᠷᠥ ᠶ᠋ᠢ ᠰᠢᠯᠵᠢᠭᠦᠯᠦᠭᠰᠡᠨ ᠰᠤᠷᠬᠠᠭᠲᠠᠨᠢ ᠬᠠᠲᠤᠨ ᠤ᠋ ᠦᠷ᠎ᠡ ᠰᠠᠲᠤ ᠬᠣᠵᠢᠮ ᠳᠥᠷᠪᠡᠨ ᠵᠠᠭᠤᠨ ᠵᠢᠯ ᠦ᠋ᠨ ᠲᠤᠷᠰᠢᠲᠠ ᠶᠡᠬᠡ ᠮᠣᠩᠭᠣᠯ ᠤᠯᠤᠰ ᠤᠨ ᠡᠵᠡᠨ ᠬᠠᠭᠠᠨ ᠤ᠋ ᠰᠠᠭᠤᠳᠠᠯ ᠬᠢᠭᠡᠳ ᠠᠯᠲᠠᠨ ᠤᠷᠤᠭ ᠤᠨ ᠭᠢᠨᠵᠢᠨ ᠬᠡᠯᠬᠢᠶ᠎ᠡ ᠶ᠋ᠢ ᠠᠪᠴᠤ ᠶᠠᠪᠤᠨ᠎ᠠ᠃
ᠬᠣᠵᠢᠮ ᠲᠡᠭᠦᠨ ᠦ᠌ ᠦᠷ᠎ᠡ ᠬᠡᠦᠬᠡᠳ ᠦ᠋ᠨ ᠳᠤᠮᠳᠠ ᠡᠴᠡ ᠪᠠᠶᠠᠨᠮᠥ᠋ᠩᠬᠡ᠂ ᠵᠢᠨᠦᠩ᠂ ᠪᠠᠲᠤᠮᠥ᠋ᠩᠬᠡ ᠳᠠᠶᠨᠨ ᠬᠠᠭᠠᠨ ᠢ᠋ᠶ᠋ᠠᠷ ᠦᠷᠭᠦᠯᠵᠢᠯᠡᠨ᠂ ᠯᠢᠭᠳᠡᠨ ᠬᠠᠭᠠᠨ ᠬᠦᠷᠲᠡᠯᠡᠬᠢ ᠠᠯᠲᠠᠨ ᠤᠷᠤᠭ ᠤᠨ ᠲᠡᠦᠬᠡ ᠪᠢᠴᠢᠭᠳᠡᠨ᠎ᠡ᠃ ᠰᠤᠷᠬᠠᠭᠲᠠᠨᠢ ᠬᠠᠲᠤᠨ ᠤ᠋ ᠦᠷ᠎ᠡ ᠰᠡᠳᠦ ᠶ᠋ᠢᠨ ᠳᠤᠮᠳᠠ ᠡᠴᠡ ᠳᠥᠷᠪᠡᠳᠦᠭᠡᠷ ᠳᠠᠯᠠᠢ ᠯᠠᠮᠠ ᠲᠣᠳᠣᠷᠠᠵᠤ᠂ ᠪᠤᠷᠬᠠᠨ ᠤ᠋ ᠱᠠᠰᠢᠨ ᠤ᠋ ᠲᠡᠷᠢᠭᠦᠨ ᠥᠨᠳᠥᠷ ᠭᠡᠭᠡᠨ ᠵᠠᠨᠠᠪᠠᠽᠠᠷ ᠲᠥᠷᠥᠬᠦ ᠪᠣᠯᠤᠨ᠎ᠠ᠃
ᠨᠢᠭᠡᠨ ᠴᠠᠭ ᠲᠤ᠌ ᠪᠤᠬᠠᠷ ᠬᠣᠲᠠ ᠳ᠋ᠤ᠌ ᠨᠡᠭᠡᠭᠡᠭᠰᠡᠨ ᠬᠠᠲᠤᠨ ᠤ᠋ ᠰᠤᠷᠭᠠᠭᠤᠯᠢ ᠥᠨᠥ ᠶ᠋ᠢ ᠬᠦᠷᠲᠡᠯ᠎ᠡ ᠡᠨᠡ ᠨᠡᠷ᠎ᠡ ᠪᠡᠨ ᠬᠠᠳᠠᠭᠠᠯᠠᠨ ᠠᠷᠠᠳ ᠤᠨ ᠬᠡᠦᠬᠡᠳ ᠦ᠋ᠳ ᠲᠦ᠍ ᠨᠣᠮ ᠡᠷᠳᠡᠮ ᠵᠢᠭᠠᠨ ᠰᠤᠷᠭᠠᠬᠤ ᠪᠣᠯᠤᠨ᠎ᠠ᠃ ᠲᠡᠷᠡ ᠴᠠᠭ ᠡᠴᠡ ᠳᠠᠷᠤᠢ ᠵᠠᠭᠤᠨ ᠵᠢᠯ ᠦ᠋ᠨ ᠳᠠᠷᠠᠭ᠎ᠠ ᠥᠷᠥᠨᠡᠲᠦ ᠳ᠋ᠦ᠍ ᠪᠢᠴᠢᠭ ᠦᠰᠦᠭ ᠬᠡᠷᠡᠭᠯᠡᠨ᠂ ᠵᠣᠬᠢᠶᠠᠯᠴᠢᠳ ᠵᠣᠬᠢᠶᠠᠯ ᠪᠦᠲᠦᠭᠡᠯ ᠢ᠋ᠶ᠋ᠡᠨ ᠲᠤᠭᠤᠷᠪᠢᠨ᠎ᠠ᠃
ᠲᠡᠷᠡ ᠴᠠᠭ ᠡᠴᠡ ᠬᠣᠢᠰᠢ ᠲᠠᠪᠤᠨ ᠵᠠᠭᠤᠨ ᠵᠢᠯ ᠦ᠋ᠨ ᠳᠠᠷᠠᠭ᠎ᠠ ᠲᠥᠷᠥ ᠠᠷᠠᠳ ᠲᠦᠮᠡᠨ ᠦ᠌ ᠬᠡᠦᠬᠡᠳ ᠢ᠋ ᠰᠤᠷᠭᠠᠭᠤᠯᠢ ᠳ᠋ᠤ᠌ ᠰᠠᠭᠤᠯᠭᠠᠬᠤ ᠰᠠᠨᠠᠭᠠᠴᠢᠯᠠᠭ᠎ᠠ ᠭᠠᠷᠭᠠᠨ᠎ᠠ᠃ ᠬᠠᠷᠢᠨ ᠬᠠᠲᠤᠨ ᠤ᠋ ᠰᠤᠷᠭᠠᠭᠤᠯᠢ ᠥᠨᠥ ᠨᠠᠢ᠍ᠮᠠᠨ ᠵᠠᠭᠤᠨ ᠢ᠋ ᠦᠵᠡᠨ ᠰᠦᠨᠳᠡᠷᠯᠡᠭᠰᠡᠨ ᠬᠡᠪ ᠢ᠋ᠶ᠋ᠡᠷ ᠪᠠᠢᠨ᠎ᠠ᠃
ᠲᠡᠷᠡ ᠴᠠᠭ ᠲᠤ᠌ ᠮᠣᠩᠭᠣᠯ ᠤᠨ ᠲᠩᠷᠢ ᠳᠣᠣᠷ᠎ᠠ ᠨᠢᠭᠡᠳᠦᠭᠰᠡᠨ ᠳᠡᠯᠡᠬᠡᠢ ᠶ᠋ᠢᠨ ᠣᠯᠠᠨ ᠱᠠᠰᠢᠨ ᠰᠢᠲᠦᠯᠭᠡᠲᠡᠨ ᠨᠤ᠌ᠭᠦᠳ᠂ ᠳᠠᠷᠠᠭ᠎ᠠ ᠨᠢᠭᠡᠨ ᠡᠳᠦᠷ ᠥᠪᠡᠷ ᠥᠪᠡᠷ ᠦ᠋ᠨ ᠵᠠᠮ ᠢ᠋ᠶ᠋ᠠᠷ ᠵᠠᠮᠨᠠᠵᠤ᠂ ᠬᠣᠵᠢᠮ ᠪᠤᠳ᠋ᠳ᠋ᠾᠠ ᠂ ᠢᠰᠥ᠋ᠰ᠂ ᠢᠰᠯᠠᠮ᠂ ᠱᠠᠰᠢᠨ ᠤ᠋ ᠲᠥᠯᠥᠭᠡᠯᠡᠭᠴᠢᠳ ᠰᠤᠷᠬᠠᠭᠲᠠᠨᠢ ᠬᠠᠲᠤᠨ ᠢ᠋ ᠥᠪᠡᠷ ᠦ᠋ᠨ ᠱᠠᠰᠢᠨ ᠨᠢᠭᠡᠲᠦ ᠠᠬᠠᠨ ᠳᠡᠭᠥᠥᠰ ᠭᠡᠮᠡᠨ ᠪᠢᠴᠢᠵᠡᠭᠡᠬᠦ ᠪᠣᠯᠤᠨ᠎ᠠ᠃
ᠰᠤᠷᠬᠠᠭᠲᠠᠨᠢ ᠬᠠᠲᠤᠨ ᠤ᠋ ᠶᠡᠬᠡ ᠬᠦᠦ ᠮᠥᠩᠬᠡ1251—1259 ᠣᠨ ᠤ᠋ ᠬᠣᠭᠣᠷᠣᠨᠳᠣ ᠡᠵᠡᠨᠲᠦ ᠭᠦᠷᠦᠨ ᠦ᠌ ᠬᠠᠭᠠᠨ ᠰᠠᠭᠤᠵᠤ᠂ ᠳᠠᠷᠠᠭ᠎ᠠ ᠨᠢ ᠬᠦᠦ ᠬᠤᠪᠢᠯᠠᠢ1260—1294 ᠣᠨ ᠬᠦᠷᠲᠡᠯ᠎ᠡ ᠡᠵᠡᠨᠲᠦ ᠭᠦᠷᠦᠨ ᠦ᠌ ᠬᠠᠭᠠᠨ ᠰᠢᠷᠡᠭᠡᠨ ᠳ᠋ᠦ᠍ ᠥᠨᠥ ᠶ᠋ᠢᠨ ᠪᠡᠭᠡᠵᠢᠩ ᠬᠣᠲᠠ ᠶ᠋ᠢᠨ ᠡᠬᠢᠯᠡᠯ ᠢ᠋ ᠲᠠᠯᠪᠢᠨ ᠳᠠᠢᠳᠤ ᠬᠣᠲᠠ ᠶ᠋ᠢ ᠪᠠᠷᠢᠵᠤ᠂ ᠶᠡᠬᠡ ᠶᠤᠸᠠᠨ ᠤᠯᠤᠰ ᠢ᠋ ᠪᠠᠢᠭᠤᠯᠤᠨ᠎ᠠ᠃ ᠲᠡᠭᠦᠨ ᠦ᠌ ᠳᠡᠭᠦᠦ ᠬᠦᠯᠡᠬᠦ1256—1356 ᠣᠨ ᠤ᠋ ᠬᠣᠭᠣᠷᠣᠨᠳᠣ ᠬᠣᠷᠧᠽᠮ ᠦ᠋ᠨ ᠱᠠᠭ᠂ ᠣᠲ᠋ᠷᠡᠷ᠂ ᠳᠠᠪᠬᠤᠷ ᠬᠡᠷᠡᠮ ᠪᠦᠬᠦᠢ ᠡᠷᠳᠡᠮ ᠦ᠋ᠨ ᠲᠥᠪ ᠪᠤᠬᠠᠷ᠂ ᠰᠡᠮᠡᠷᠺᠡᠨᠳ᠋᠂ ᠤᠷᠲᠤ ᠵᠦᠭ ᠲᠦ᠍ ᠲᠠᠪᠷᠢᠽ᠂ ᠮᠠᠷᠥ᠋ᠭᠣ᠋ ᠬᠣᠲᠠ ᠨᠤᠭᠤᠳ ᠢ᠋ ᠵᠠᠬᠢᠷᠬᠤ ᠢᠯ ᠬᠠᠭᠠᠨᠲᠤ ᠤᠯᠤᠰ ᠢ᠋ ᠥᠨᠥ ᠶ᠋ᠢᠨ ᠢᠷᠡᠨ ᠦ᠌ ᠨᠤᠲᠤᠭ ᠲᠤ᠌ ᠪᠠᠢᠭᠤᠯᠤᠨ᠂ ᠲᠡᠭᠦᠨ ᠦ᠌ ᠦᠷ᠎ᠡ ᠬᠣᠢᠴᠢᠰ ᠢᠰᠯᠠᠮ ᠤᠨ ᠶᠢᠷᠲᠢᠨᠴᠦ ᠶ᠋ᠢ ᠵᠠᠭᠤ ᠭᠠᠷᠤᠢ ᠵᠢᠯ ᠵᠠᠬᠢᠷᠤᠨ ᠰᠠᠭᠤᠬᠤ ᠪᠣᠯᠤᠨ᠎ᠠ᠃ ᠬᠥᠯᠡᠬᠦ ᠬᠠᠭᠠᠨ ᠲᠤᠬᠠᠢ ᠶ᠋ᠢᠨ ᠦᠶ᠎ᠡ ᠳ᠋ᠦ᠍ ᠲᠤᠢᠯ ᠳ᠋ᠠᠭᠠᠨ ᠬᠦᠷᠦᠭᠰᠡᠨ ᠢᠰᠯᠠᠮ ᠤᠨ ᠱᠠᠰᠢᠨ ᠤ᠋ ᠪᠤᠷᠤᠩᠬᠤᠢ ᠪᠠᠢᠳᠠᠯ ᠢ᠋ ᠲᠠᠰᠤᠯᠤᠨ ᠵᠣᠭᠰᠣᠭᠠᠵᠤ᠂ ᠰᠢᠨᠡᠴᠢᠯᠡᠨ ᠰᠡᠷᠭᠦᠭᠡᠵᠦ᠂ ᠭᠠᠵᠠᠷ ᠤᠨ ᠶᠠᠪᠤᠳᠠᠯ ᠢ᠋ ᠨᠢᠭᠡᠨᠲᠡ ᠵᠠᠬᠢᠷᠤᠭᠰᠠᠨ ᠢᠯ ᠬᠠᠭᠠᠨ ᠲᠩᠷᠢ ᠭᠠᠷᠠᠬᠠᠰ ᠢ᠋ ᠰᠣᠨᠢᠷᠬᠠᠨ ᠳᠡᠯᠡᠬᠡᠢ ᠶ᠋ᠢᠨ ᠬᠠᠮᠤᠭ ᠤᠨ ᠬᠦᠴᠦᠷᠬᠡᠭ ᠡᠷᠳᠡᠮᠲᠡᠳ ᠢ᠋ ᠴᠤᠭᠯᠠᠭᠤᠯᠤᠨ ᠥᠨᠥ ᠶ᠋ᠢᠨ ᠢᠷᠡᠨ ᠦ᠌ ᠨᠤᠲᠤᠭ ᠲᠤ᠌ ᠣᠳᠣᠨ ᠣᠷᠣᠨ ᠤ᠋ ᠲᠥᠪ ᠪᠠᠢᠭᠤᠯᠤᠨ᠎ᠠ᠃ ᠮᠥᠨ ᠲᠡᠨᠳᠡ ᠤᠬᠠᠭᠠᠨᠲᠤ ᠬᠠᠲᠤᠨ ᠰᠤᠷᠬᠠᠭᠲᠠᠨᠢ ᠪᠡᠬᠢ ᠡᠬᠡ ᠶ᠋ᠢᠨ ᠢ᠋ᠶ᠋ᠡᠨ ᠪᠤᠩᠬᠤᠨ ᠢ᠋ ᠪᠠᠷᠢᠵᠤ ᠪᠠᠢᠭᠤᠯᠤᠭᠰᠠᠨ ᠨᠢ ᠥᠨᠥ ᠶ᠋ᠢ ᠬᠦᠷᠲᠡᠯ᠎ᠡ ᠰᠦᠨᠳᠡᠷᠯᠡᠬᠦ ᠪᠣᠯᠤᠨ᠎ᠠ᠃ ᠪᠠᠭ᠎ᠠ ᠬᠦᠦ ᠠᠷᠢᠬᠪᠥ᠋ᠬᠡ1260—1264 ᠣᠨ ᠤ᠋ ᠬᠣᠭᠣᠷᠣᠨᠳᠣ ᠶᠡᠬᠡ ᠮᠣᠩᠭᠣᠯ ᠤᠨ ᠡᠵᠡᠨ ᠬᠠᠭᠠᠨ ᠵᠠᠯᠠᠷᠠᠵᠤ᠂ ᠴᠢᠩᠭᠢᠰ ᠬᠠᠭᠠᠨ ᠤ᠋ ᠲᠥᠷᠥᠭᠰᠡᠨ ᠨᠤᠲᠤᠭ ᠭᠤᠷᠪᠠᠨ ᠭᠣᠣᠯ ᠤᠨ ᠰᠠᠪᠠ ᠭᠠᠵᠠᠷ ᠲᠤ᠌ ᠬᠠᠭᠠᠨᠲᠤ ᠤᠯᠤᠰ ᠢ᠋ᠶ᠋ᠠᠨ ᠪᠠᠢᠭᠤᠯᠤᠨ᠎ᠠ᠃
ᠨᠥᠭᠦᠭᠡ ᠲᠠᠯ᠎ᠠ ᠪᠠᠷ ᠰᠤᠷᠬᠠᠭᠲᠠᠨᠢ ᠬᠠᠲᠤᠨ ᠢ᠋ ᠳᠡᠯᠡᠬᠡᠢ ᠶ᠋ᠢᠨ ᠡᠬᠡ ᠭᠡᠵᠦ ᠨᠡᠷᠡᠯᠡᠵᠦ ᠪᠣᠯᠤᠨ᠎ᠠ᠃ ᠤᠴᠢᠷ ᠨᠢ ᠺᠣᠯᠤᠮᠪᠤ ᠠᠮᠧᠷᠢᠺᠠ ᠲᠢᠪ ᠢ᠋ ᠨᠡᠬᠡᠭᠡ ᠦᠭᠡᠢ ᠪᠠᠢᠭᠰᠠᠨ ᠲᠡᠷᠡ ᠴᠠᠭ ᠲᠤ᠌ ᠡᠨᠡ ᠳᠡᠯᠡᠬᠡᠢ ᠪᠠᠷᠤᠭ ᠪᠦᠬᠦᠯᠢ ᠳ᠋ᠡᠭᠡᠨ ᠰᠤᠷᠬᠠᠭᠲᠠᠨᠢ ᠬᠠᠲᠤᠨ ᠤ᠋ ᠦᠷ᠎ᠡ ᠬᠡᠦᠬᠡᠳ ᠦ᠋ᠳ ᠦ᠋ᠨ ᠮᠠᠲᠠᠯ ᠳ᠋ᠤ᠌ ᠣᠴᠢᠭᠰᠠᠨ ᠪᠠᠢᠪᠠ᠃ ᠨᠢᠭᠡᠨ ᠴᠠᠭ ᠲᠤ᠌ ᠶᠡᠬᠡ ᠡᠵᠡᠨ ᠴᠢᠩᠭᠢᠰ ᠬᠠᠭᠠᠨ ᠤ᠋ ᠦᠨᠳᠦᠰᠦ ᠤᠭᠰᠠᠭ᠎ᠠ ᠶ᠋ᠢ ᠨᠢ ᠲᠠᠯᠪᠢᠵᠤ ᠪᠠᠢᠭᠤᠯᠤᠭᠰᠠᠨ ᠶᠡᠬᠡ ᠮᠣᠩᠭᠣᠯ ᠤᠯᠤᠰ ᠤᠨ ᠡᠵᠡᠨᠲᠦ ᠭᠦᠷᠦᠨ ᠦ᠌ ᠬᠡᠮᠵᠢᠶ᠎ᠡ ᠶ᠋ᠢ ᠳᠡᠯᠡᠬᠡᠢ ᠶ᠋ᠢᠨ ᠳᠠᠢᠳᠤ ᠳ᠋ᠤ᠌ ᠲᠡᠯᠡᠵᠦ᠂ ᠡᠵᠡᠩᠨᠡᠭᠰᠡᠨ ᠬᠥᠮᠦᠰ ᠪᠣᠯ ᠰᠤᠷᠬᠠᠭᠲᠠᠨᠢ ᠬᠠᠲᠤᠨ᠂ ᠲᠡᠭᠦᠨ ᠦ᠌ ᠦᠷ᠎ᠡ ᠬᠡᠦᠬᠡᠳ ᠦ᠋ᠳ ᠪᠠᠢᠯ᠎ᠠ᠃
《ᠮᠥᠩᠬᠡ ᠲᠩᠷᠢ ᠳᠠᠬᠢᠨ ᠨᠢᠭᠡ ᠤᠳᠠᠭ᠎ᠠ ᠲᠠᠭᠠᠯᠠᠵᠤ᠂ ᠵᠣᠷᠢᠭ ᠣᠩᠭᠣᠳ ᠢᠯᠡᠭᠡᠬᠦ ᠠᠪᠠᠰᠤ ᠰᠤᠷᠬᠠᠭᠲᠠᠨᠢ ᠬᠠᠲᠤᠨ ᠤ᠋ ᠬᠥᠪᠡᠭᠦᠳ᠂ ᠮᠣᠩᠭᠣᠯ ᠤᠨ ᠡᠵᠡᠨᠲᠦ ᠭᠦᠷᠦᠨ ᠦ᠌ ᠶᠡᠬᠡ ᠬᠠᠭᠠᠳ᠂ ᠶᠡᠬᠡ ᠮᠣᠩᠭᠣᠯ ᠤᠯᠤᠰ᠂ ᠢᠯ ᠬᠠᠭᠠᠨᠲᠤ ᠤᠯᠤᠰ᠂ ᠶᠡᠬᠡ ᠶᠤᠸᠠᠨ ᠤᠯᠤᠰ ᠤᠨ ᠬᠠᠭᠠᠳ ᠤᠨ ᠠᠮᠢᠳᠤᠷᠠᠯ ᠲᠡᠮᠡᠴᠡᠯ᠂ ᠦᠵᠡᠯ ᠪᠣᠳᠣᠯ᠂ ᠠᠯᠳᠠᠭ᠎ᠠ ᠤᠨᠤᠭ᠎ᠠ ᠪᠦᠬᠦᠨ ᠢ᠋ ᠰᠤᠳᠤᠯᠤᠨ ᠲᠠᠨᠢᠵᠤ᠂ ᠷᠣᠮᠠᠨ ᠤ᠋ ᠪᠠᠨ ᠳᠠᠷᠠᠭ᠎ᠠ ᠶ᠋ᠢᠨ ᠢ᠋ᠶ᠋ᠡᠨ ᠴᠤᠪᠤᠷᠠᠯ ᠢ᠋< ᠮᠣᠩᠭᠣᠯ ᠤᠨ ᠡᠵᠡᠨᠲᠦ ᠭᠦᠷᠦᠨ> ᠭᠡᠮᠡᠨ ᠨᠡᠷᠡᠯᠡᠨ ᠪᠢᠴᠢᠭᠯᠡᠵᠦ ᠤᠩᠰᠢᠭᠴᠢ ᠲᠠᠨ᠎ᠠ ᠡᠷᠭᠦᠬᠦ ᠶᠡᠬᠡ ᠬᠦᠰᠡᠯ ᠲᠡᠭᠡᠭᠡᠨ ᠦᠯᠡᠳᠡᠪᠡ》
2012 ᠣᠨ ᠤ᠋3 ᠳ᠋ᠤᠭᠠᠷ ᠰᠠᠷ᠎ᠠ ᠶ᠋ᠢᠨ18 ᠤ᠋ ᠡᠳᠦᠷ ᠤᠯᠠᠭᠠᠨᠪᠠᠭᠠᠲᠤᠷ ᠬᠣᠲᠠ ᠳ᠋ᠤ᠌ ᠪᠢᠴᠢᠵᠦ ᠳᠠᠭᠤᠰᠬᠠᠪᠠ᠃
ᠪᠢᠮᠪᠠ ᠶ᠋ᠢᠨ ᠰᠠᠷᠠᠨᠲᠤᠶᠠᠭ᠎ᠠ᠂1995 ᠣᠨ ᠳ᠋ᠤ᠌ ᠤᠯᠤᠰ ᠤᠨ ᠪᠠᠭᠰᠢ ᠶ᠋ᠢᠨ ᠶᠡᠬᠡ ᠰᠤᠷᠭᠠᠭᠤᠯᠢ ᠶ᠋ᠢᠨ ᠤᠳᠬ᠎ᠠ ᠵᠣᠬᠢᠶᠠᠯ ᠤᠨ ᠠᠵᠢᠯᠲᠠᠨ ᠤ᠋ ᠠᠩᠭᠢ ᠶ᠋ᠢ ᠵᠣᠬᠢᠶᠠᠯᠴᠢ᠂ ᠤᠳᠬ᠎ᠠ ᠵᠣᠬᠢᠶᠠᠯᠴᠢ ᠰᠤᠳᠤᠯᠤᠭᠠᠴᠢ ᠮᠡᠷᠭᠡᠵᠢᠯ ᠢ᠋ᠶ᠋ᠡᠷ ᠲᠡᠭᠦᠰᠦᠭᠰᠡᠨ᠂ ᠮᠣᠩᠭᠣᠯ ᠤᠨ ᠦᠨᠳᠦᠰᠦᠲᠡᠨ ᠦ᠌ ᠣᠯᠠᠨ ᠨᠡᠢᠲᠡ ᠶ᠋ᠢᠨ ᠲᠧᠯᠸᠢᠰ ᠦ᠋ᠨ ᠰᠡᠳᠬᠦᠯᠴᠢ᠃2004 ᠣᠨ ᠳ᠋ᠤ᠌《ᠰᠠᠨᠰᠠᠷ ᠤᠨ ᠰᠠᠯᠬᠢ》 ᠢᠷᠠᠭᠤ ᠨᠠᠢᠷᠠᠭ ᠤᠨ ᠨᠣᠮ ᠬᠡᠪᠯᠡᠭᠦᠯᠦᠭᠰᠡᠨ᠂《ᠰᠤᠷᠬᠠᠭᠲᠠᠨᠢ》 ᠷᠣᠮᠠᠨ ᠨᠢ ᠵᠣᠬᠢᠶᠠᠭᠴᠢ ᠶ᠋ᠢᠨ ᠠᠩᠬᠠᠨ ᠤ᠋ ᠷᠣᠮᠠᠨ᠃
13 ᠳ᠋ᠤᠭᠠᠷ ᠵᠠᠭᠤᠨ ᠳ᠋ᠤ᠌ ᠴᠢᠩᠭᠢᠰ ᠬᠠᠭᠠᠨ ᠲᠠᠯ᠎ᠠ ᠨᠤᠲᠤᠭ ᠤᠨ ᠮᠣᠩᠭᠣᠯᠴᠤᠳ ᠢ᠋ ᠳᠠᠬᠢᠨ ᠨᠢᠭᠡᠳᠬᠡᠵᠦ᠂ ᠶᠡᠬᠡ ᠮᠣᠩᠭᠣᠯ ᠤᠯᠤᠰ ᠢ᠋ ᠪᠠᠢᠭᠤᠯᠤᠨ᠂ ᠮᠣᠩᠭᠣᠯ ᠤᠨ ᠪᠦᠬᠦ ᠣᠪᠣᠭ ᠠᠢᠮᠠᠭ ᠤ᠋ᠳ ᠢ᠋ ᠶᠡᠬᠡ ᠬᠠᠭᠠᠨ ᠤ᠋ ᠰᠦᠷ ᠬᠦᠴᠦᠨ ᠦ᠌ ᠳᠣᠣᠷ᠎ᠠ ᠴᠤᠭᠯᠠᠭᠤᠯᠵᠤ ᠪᠠᠢᠪᠠ᠃ ᠡᠨᠡ ᠦᠶ᠎ᠡ ᠳ᠋ᠦ᠍ ᠬᠡᠷᠡᠢᠳ ᠬᠡᠮᠡᠬᠦ ᠣᠶᠤᠨ ᠤ᠋ ᠥᠨᠳᠥᠷ ᠰᠣᠶᠣᠯ ᠲᠠᠢ ᠣᠪᠣᠭ ᠠᠢᠮᠠᠭ ᠤᠨ ᠤᠳᠤᠷᠢᠳᠤᠭᠴᠢ ᠸᠠᠩ ᠬᠠᠭᠠᠨ ᠤ᠋ ᠳᠡᠭᠦᠦ ᠵᠠᠬ᠎ᠠ ᠬᠠᠮᠪᠤ ᠶ᠋ᠢᠨ ᠥᠬᠢᠨ ᠰᠤᠷᠬᠠᠭᠲᠠᠨᠢ᠂ ᠴᠢᠩᠭᠢᠰ ᠬᠠᠭᠠᠨ ᠲᠠᠢ ᠲᠠᠩᠭᠠᠷᠢᠭ ᠲᠠᠰᠤᠷᠠᠭᠰᠠᠨ ᠡᠴᠢᠭᠡ ᠡᠬᠡ᠂ ᠠᠬᠠᠨ ᠳᠡᠭᠦᠦᠰ ᠢ᠋ᠶ᠋ᠡᠨ ᠠᠪᠤᠷᠠᠬᠤ ᠶ᠋ᠢᠨ ᠲᠤᠯᠠᠳᠠ ᠥᠪᠡᠷ ᠦ᠋ᠨ ᠬᠦᠰᠡᠯ ᠢ᠋ᠶ᠋ᠡᠷ ᠬᠠᠭᠠᠨ ᠳ᠋ᠤ᠌ ᠢᠷᠡᠵᠦ ᠪᠠᠭ᠎ᠠ ᠬᠦᠦ ᠲᠡᠢ ᠨᠢ ᠭᠡᠷᠯᠡᠭᠰᠡᠨ ᠶᠤᠮ᠃ ᠭᠡᠪᠡᠴᠦ ᠤᠳᠠᠯ ᠦᠭᠡᠢ ᠠᠪᠤ ᠨᠢ ᠶᠡᠬᠡ ᠬᠠᠭᠠᠨ ᠤ᠋ ᠴᠡᠷᠢᠭ ᠦ᠋ᠳ ᠲᠦ᠍ ᠬᠣᠣᠷᠯᠠᠭᠳᠠᠵᠤ᠂ ᠡᠷ᠎ᠡ ᠨᠥᠬᠥᠷ ᠨᠢ ᠲᠥᠷᠥᠭᠰᠡᠨ ᠠᠬ᠎ᠠ ᠶ᠋ᠢᠨ ᠢ᠋ᠶ᠋ᠡᠨ ᠲᠥᠯᠥᠭᠡ ᠵᠣᠯᠢᠶᠠᠰᠤ ᠪᠣᠯᠤᠨ ᠲᠩᠷᠢ ᠳ᠋ᠦ᠍ ᠬᠠᠯᠢᠵᠠᠢ᠃ ᠥᠨᠥᠴᠢᠨ ᠬᠥᠪᠡᠭᠦᠨ ᠲᠡᠢ ᠪᠡᠨ ᠬᠠᠭᠠᠴᠠᠯ ᠵᠣᠪᠠᠯᠠᠩ ᠥᠨᠥᠴᠢᠷᠡᠯ ᠪᠡᠯᠪᠡᠰᠦᠷᠡᠯ ᠢ᠋ ᠰᠥᠷᠴᠦ᠂ ᠥᠪᠡᠷ ᠦ᠋ᠨ ᠵᠠᠶᠠᠭᠠᠭᠰᠠᠨ ᠤᠬᠠᠭᠠᠨ ᠠᠪᠢᠶᠠᠰ ᠤᠨ ᠬᠦᠴᠦᠨ ᠢ᠋ᠶ᠋ᠡᠷ ᠡᠬᠡ ᠬᠦᠦ ᠶ᠋ᠢᠨ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠵᠦ᠂ ᠡᠮᠡᠭᠲᠡᠢ ᠬᠥᠮᠦᠨ ᠡᠨᠡ ᠣᠷᠴᠢᠯᠠᠩ ᠳ᠋ᠤ᠌ ᠢᠷᠡᠭᠡᠳ ᠪᠤᠴᠠᠬᠤ ᠳ᠋ᠠᠭᠠᠨ ᠶᠠᠭᠤ ᠬᠢᠵᠦ ᠪᠣᠯᠬᠤ ᠶ᠋ᠢ ᠥᠪᠡᠷ ᠦ᠋ᠨ ᠪᠡᠶ᠎ᠡ ᠪᠡᠷ ᠬᠠᠷᠠᠭᠤᠯᠤᠭᠰᠠᠨ ᠲᠡᠦᠬᠡᠲᠦ ᠬᠠᠲᠤᠨ ᠪᠠᠢᠪᠠ᠃
ᠡᠨᠡ ᠷᠣᠮᠠᠨ ᠳ᠋ᠤ᠌ ᠶᠡᠬᠡ ᠡᠵᠡᠨ ᠴᠢᠩᠭᠢᠰ ᠬᠠᠭᠠᠨ ᠤ᠋ ᠦᠶ᠎ᠡ ᠡᠴᠡ ᠬᠣᠢᠰᠢ᠂ ᠮᠥᠩᠬᠡ ᠬᠠᠭᠠᠨ ᠤ᠋ ᠦᠶ᠎ᠡ ᠬᠦᠷᠲᠡᠯᠡᠬᠢ ᠬᠠᠭᠠᠰ ᠵᠠᠭᠤᠨ ᠤ᠋ ᠵᠢᠯ ᠦ᠋ᠨ ᠬᠤᠭᠤᠴᠠᠭᠠᠨ ᠳ᠋ᠤ᠌ ᠮᠣᠩᠭᠣᠯ ᠤᠨ ᠨᠢᠭᠤᠴᠠ ᠲᠣᠪᠴᠢᠶᠠᠨ ᠪᠢᠴᠢᠭᠳᠡᠵᠦ ᠳᠠᠭᠤᠰᠤᠭᠰᠠᠨ ᠴᠠᠭ ᠡᠴᠡ ᠬᠣᠢᠰᠢᠬᠢ ᠲᠡᠦᠬᠡ ᠶ᠋ᠢᠨ ᠪᠠᠯᠠᠷᠬᠠᠢ ᠶᠡᠬᠡ ᠡᠬᠡ ᠰᠤᠷᠪᠤᠯᠵᠢ ᠨᠤᠭᠤᠳ ᠢ᠋ ᠬᠦᠪᠦᠷᠢᠳᠴᠦ᠂ ᠤᠷᠠᠨ ᠵᠣᠬᠢᠶᠠᠯ ᠤᠨ ᠬᠡᠯᠡᠨ᠎ᠡ ᠪᠠᠭᠤᠯᠭᠠᠨ᠂ ᠡᠵᠡᠨᠲᠦ ᠲᠥᠷᠥ ᠶ᠋ᠢᠨ ᠮᠠᠨᠳᠤᠯ ᠪᠠᠳᠠᠷᠠᠯ᠂ ᠤᠨᠠᠯᠲᠠ ᠪᠣᠰᠤᠯᠲᠠ ᠶ᠋ᠢᠨ ᠣᠨ ᠵᠢᠯ ᠦ᠋ᠳ ᠢ᠋ ᠰᠤᠷᠬᠠᠭᠲᠠᠨᠢ ᠬᠠᠲᠤᠨ ᠤ᠋ ᠲᠡᠦᠬᠡᠨ ᠠᠮᠢᠳᠤᠷᠠᠯ ᠲᠠᠢ ᠬᠣᠯᠪᠣᠨ ᠬᠠᠷᠠᠭᠤᠯᠬᠤ ᠳ᠋ᠠᠭᠠᠨ ᠨᠠᠢ᠍ᠮᠠᠨ ᠵᠠᠭᠤᠨ ᠤ᠋ ᠲᠡᠷᠲᠡᠭᠡᠬᠢ ᠰᠤᠷᠬᠠᠭᠲᠠᠨᠢ ᠬᠠᠲᠤᠨ ᠤ᠋ ᠡᠭᠡᠯ ᠬᠥᠮᠦᠨ ᠦ᠌ ᠠᠮᠢᠳᠤᠷᠠᠯ ᠢ᠋ᠶ᠋ᠠᠷ ᠠᠮᠢᠳᠤᠷᠠᠵᠤ᠂ ᠵᠣᠪᠠᠯᠠᠩ ᠵᠢᠷᠭᠠᠯ ᠤᠨ ᠳᠤᠮᠳᠠᠭᠤᠷ ᠶᠠᠪᠤᠭᠰᠠᠨ ᠪᠠᠬᠠᠷᠬᠠᠮ᠎ᠠ ᠲᠡᠦᠬᠡ᠂ ᠨᠠᠢ᠍ᠮᠠᠨ ᠵᠠᠭᠤᠨ ᠤ᠋ ᠳᠠᠷᠠᠭ᠎ᠠ ᠤᠷᠠᠨ ᠵᠣᠬᠢᠶᠠᠯ ᠤᠨ ᠬᠡᠯᠡᠨ᠎ᠡ ᠪᠠᠭᠤᠨ ᠤᠩᠰᠢᠭᠴᠢ ᠲᠠ ᠨᠠᠷ ᠲᠤ᠌ ᠬᠦᠷᠴᠦ ᠪᠠᠢᠭ᠎ᠠ ᠨᠢ ᠮᠠᠭᠠᠳ ᠲᠡᠷᠡ ᠪᠡᠷ ᠮᠥᠩᠬᠡ ᠲᠩᠷᠢ ᠡᠴᠡ ᠥᠪᠡᠷ ᠦ᠋ᠨ ᠵᠥᠪᠰᠢᠶᠡᠷᠡᠯ ᠢ᠋ᠶ᠋ᠡᠷ ᠢᠯᠡᠭᠡᠭᠰᠡᠨ ᠬᠡᠷᠡᠭ ᠪᠢᠵᠡ᠃
ᠦᠰᠦᠭ ᠠᠮᠢᠯᠠᠭᠤᠯᠤᠭᠴᠢ᠄ ᠵᠢᠩᠯᠢᠬᠤᠸᠠᠷ᠂ ᠬᠡᠷᠡᠢᠳ ᠮᠥᠩᠬᠡᠨᠠᠰᠤᠨ᠂ ᠳᠡᠭᠦᠦᠵᠠᠶᠠᠭ᠎ᠠ᠂ ᠠᠯᠲᠠᠨᠴᠡᠴᠡᠭ᠂ ᠪᠤᠯᠠᠭᠬᠦᠦ᠂ ᠨᠠᠷᠠᠨᠲᠤᠶᠠᠭ᠎ᠠ᠂ ᠨᠠᠰᠤᠨᠴᠢᠮᠡᠭ᠂ ᠡᠩᠬᠡᠪᠠᠲᠤ᠂ ᠱᠠᠭᠰᠠᠯ᠂ ᠬᠡᠯᠡᠰᠣᠶᠣᠯ᠂ ᠭᠡᠷᠡᠯ᠂ ᠬᠡᠷᠡᠶ᠋ᠢᠳ ᠮᠥᠩᠬᠡᠨᠠᠰᠤᠨ᠂ ᠬᠡᠷᠡᠶ᠋ᠢᠳ ᠵᠣᠯ
ᠬᠢᠨᠠᠭᠴᠢ᠄ ᠣᠳᠬᠠᠨᠰᠣ᠎ᠠ᠂ ᠨᠠᠷᠠᠨ᠂ ᠰᠡᠴᠡᠨᠴᠢᠮᠡᠭ᠂ ᠵᠢᠩᠯᠢᠬᠤᠸᠠᠷ᠂ ᠲ ᠬᠦᠮᠦᠵᠢᠯᠲᠦ᠂ ᠨᠡᠭᠦᠳᠡᠯ᠂ ᠪᠠᠶᠠᠨᠴᠡᠴᠡᠭ᠂ ᠰᠡᠭᠡᠭᠡᠷᠡᠯ
