ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠲᠠᠪᠤ Үүрийн туяа II – Б ᠂ Ренчин Хоёрдугаар дэвтэр "Гал усны гашуун зовлон"-15 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠲᠠᠪᠤ Үүрийн туяа II – Б ᠂ Ренчин Хоёрдугаар дэвтэр "Гал усны гашуун зовлон"-15

ᠦᠷ ᠦᠨ ᠲᠤᠶᠠᠭ᠎ᠠ II – ᠪ᠂ ᠷᠢᠨᠴᠢᠨ - ᠬᠣᠶᠠᠳᠤᠭᠠᠷ ᠲᠡᠪᠲᠡᠷ <ᠭᠠᠯ ᠤᠰᠤᠨ ᠤ ᠭᠠᠰᠢᠭᠤᠨ ᠵᠣᠪᠠᠯᠠᠩ>- ᠠᠷᠪᠠᠨ ᠲᠠᠪᠤ Үүрийн туяа II – Б ᠂ Ренчин Хоёрдугаар дэвтэр "Гал усны гашуун зовлон"-15

ᠠᠩᠭᠢᠯᠠᠯ:ᠲᠤᠭᠤᠵᠢ ᠷᠣᠮᠠᠨ
2025-01-27

359

ᠠᠷᠪᠠᠨ ᠲᠠᠪᠤ᠂ ᠴᠢᠰᠤᠲᠤ ᠪᠡᠯᠡᠭ


              ᠬᠠᠳᠠᠨ ᠵᠣᠷᠢᠭᠲᠤ ᠲᠣᠭᠰᠢᠨ ᠰᠡᠳᠬᠢᠯᠲᠦ ᠶ᠋ᠢᠨ ᠲᠤᠯᠠᠳᠠ   
                    ( ᠲᠤᠭ ᠰᠦᠯᠳᠡ ᠶ᠋ᠢᠨ ᠥᠴᠢᠭ ᠡᠴᠡ)


       — ᠵᠣᠭᠰᠣ! ᠲᠠ ᠨᠠᠷ ᠶᠠᠭᠤᠨ ᠤᠯᠤᠰ ᠪᠣᠢ?
       — ᠵᠠ᠂ ᠪᠢᠳᠡ ᠡᠯᠴᠢ ᠪᠠᠢᠨ᠎ᠠ᠃ ᠶᠡᠬᠡ ᠵᠠᠩᠵᠤᠨ ᠪᠠ᠊ ᠬᠦᠩ ᠶᠧ ᠳ᠋ᠦ᠍ ᠪᠡᠯᠩ ᠵᠠᠬᠢᠳᠠᠯ ᠬᠦᠷᠭᠡᠵᠦ ᠶᠠᠪᠤᠨ᠎ᠠ ᠭᠡᠵᠦ ᠭᠤᠷᠪᠠᠳᠤᠭᠠᠷ ᠵᠡᠷᠭᠡ ᠶ᠋ᠢᠨ ᠴᠡᠷᠢᠭ ᠦ᠋ᠨ ᠲᠦᠰᠢᠮᠡᠯ ᠦ᠋ᠨ ᠢᠷᠪᠢᠰ ᠬᠠᠳᠬᠤᠮᠠᠯᠯᠠᠭᠰᠠᠨ ᠹᠦᠰᠠ (ᠫᠦᠰᠡ)ᠬᠦᠷᠮ᠎ᠡ ᠶ᠋ᠢᠨ ᠠᠷᠤ ᠥᠪᠥᠷ ᠲᠦ᠍ ᠬᠠᠲᠠᠭᠰᠠᠨ᠂ ᠭᠡᠷᠡᠯᠲᠦ ᠬᠥᠬᠡ ᠵᠢᠩᠰᠡᠲᠦ᠂ ᠬᠢᠷᠪᠡᠭᠡ ᠬᠠᠷ᠎ᠠ ᠰᠠᠬᠠᠯᠲᠤ ᠡᠪᠦᠭᠡᠵᠢᠶᠡᠷ ᠮᠠᠨᠵᠤ ᠲᠦᠰᠢᠮᠡᠯ ᠮᠣᠩᠭᠣᠯ ᠴᠡᠷᠢᠭ ᠲᠦ᠍ ᠬᠠᠷᠢᠭᠤᠯᠪᠠ᠃ ᠲᠡᠷᠡ ᠮᠠᠨᠵᠤ ᠲᠦᠰᠢᠮᠡᠯ ᠢ᠋ ᠳᠠᠭᠠᠵᠤ ᠶᠠᠪᠤᠭᠰᠠᠨ᠂ ᠵᠢᠷᠭᠤᠳᠤᠭᠠᠷ ᠵᠡᠷᠭᠡ ᠶ᠋ᠢᠨ ᠴᠡᠷᠢᠭ ᠦ᠋ᠨ ᠲᠦᠰᠢᠮᠡᠯ ᠦ᠋ᠨ ᠳᠦᠯᠢ ᠴᠠᠭᠠᠨ ᠵᠢᠩᠰᠡ᠂ ᠴᠣᠭᠣᠨᠳᠠᠢ ᠬᠠᠳᠬᠤᠮᠠᠯᠯᠠᠭᠰᠠᠨ ᠹᠦᠰᠡᠲᠦ(ᠫᠦᠰᠡᠲᠦ)  ᠵᠠᠯᠠᠭᠤ ᠬᠢᠲᠠᠳ ᠬᠥᠮᠦᠨ᠂ ᠬᠦᠨᠳᠦ ᠠᠴᠢᠶ᠎ᠠ ᠲᠠᠢ ᠯᠠᠭᠤᠰᠠ ᠬᠥᠲᠥᠯᠵᠦ ᠶᠠᠪᠤᠭᠰᠠᠨ ᠢ᠋ᠶ᠋ᠠᠨ ᠲᠠᠲᠠᠵᠤ᠂ ᠠᠬᠠᠮᠠᠳ ᠲᠦᠰᠢᠮᠡᠯ ᠢ᠋ ᠳᠠᠭᠤᠷᠢᠶᠠᠨ ᠮᠡᠬᠦᠢᠰᠬᠢᠵᠦ ᠶᠣᠰᠣᠯᠠᠪᠠ᠃ 
       ᠠᠯᠲᠠᠨᠬᠤᠶᠠᠭ᠂ ᠲᠡᠷᠡ ᠬᠣᠶᠠᠷ ᠢ᠋ ᠬᠠᠷᠠᠭᠠᠳ᠂ ᠠᠷᠪᠠᠨ ᠤ᠋ ᠳᠠᠷᠤᠭ᠎ᠠ ᠲᠠᠢ ᠥᠭᠡᠳᠡ ᠥᠭᠡᠳᠡ ᠡᠴᠡ ᠪᠡᠨ ᠬᠠᠷᠠᠯᠴᠠᠪᠠᠰᠤ᠂ 
       — ᠬᠦᠷᠭᠡᠵᠦ ᠥᠭ! ᠭᠡᠵᠦ ᠬᠡᠯᠡᠭᠡᠳ ᠠᠷᠪᠠᠨ ᠤ᠋ ᠳᠠᠷᠤᠭ᠎ᠠ ᠮᠣᠷᠢ ᠪᠠᠨ ᠬᠥᠯ ᠢ᠋ᠶ᠋ᠡᠷ ᠳᠠᠪᠢᠷᠠᠨ ᠬᠠᠷᠠᠭᠤᠯ ᠤ᠋ᠨ ᠴᠡᠷᠢᠭ ᠵᠣᠭᠰᠣᠵᠤ ᠪᠠᠢᠭ᠎ᠠ ᠲᠣᠯᠣᠭᠠᠢ ᠥᠭᠡᠳᠡ ᠴᠢᠭᠯᠡᠨ ᠥᠭᠰᠥᠪᠡ᠃ 
       ᠮᠠᠨᠵᠤ ᠲᠦᠰᠢᠮᠡᠯ ᠢ᠋ ᠬᠦᠷᠭᠡᠵᠦ ᠶᠠᠪᠤᠭ᠎ᠠ ᠠᠯᠲᠠᠨᠬᠤᠶᠠᠭ ᠢ᠋ ᠬᠡᠳᠦᠨ ᠬᠠᠷᠠᠭᠤᠯ ᠮᠠᠨᠠᠭ᠎ᠠ ᠥᠩᠭᠡᠷᠡᠵᠦ ᠮᠣᠩᠭᠣᠯ ᠴᠡᠷᠢᠭ ᠦ᠋ᠨ ᠬᠦᠷᠢᠶᠡᠨ᠎ᠡ ᠠᠢᠰᠤᠬᠤᠢ ᠳ᠋ᠤ᠌ ᠨᠠᠷᠠᠨ ᠲᠠᠰᠢᠵᠤ᠂ ᠲᠡᠷᠡ ᠭᠤᠷᠪᠠᠨ ᠬᠥᠮᠦᠨ ᠪᠦᠨ ᠪᠦᠨ ᠱᠣᠭᠰᠢᠭᠰᠠᠭᠠᠷ ᠥᠨᠳᠥᠷ ᠳᠡᠨᠵᠢ ᠳᠡᠭᠡᠷ᠎ᠡ ᠪᠠᠭᠤᠭᠰᠠᠨ ᠮᠣᠩᠭᠣᠯ ᠴᠡᠷᠢᠭ ᠦ᠋ᠨ ᠬᠦᠷᠢᠶᠡᠨ᠎ᠡ ᠴᠢᠭᠯᠡᠪᠡᠰᠦ᠂ ᠵᠡᠭᠦᠨ ᠡᠮᠦᠨᠡᠲᠦ ᠬᠢᠵᠠᠭᠠᠷ ᠤ᠋ᠨ ᠴᠡᠷᠢᠭ ᠢ᠋ ᠵᠠᠬᠢᠷᠤᠭᠰᠠᠨ ᠰᠢᠳᠤᠷᠭᠤ ᠪᠠᠭᠠᠲᠤᠷ ᠴᠣᠯᠠ ᠲᠠᠢ ᠬᠠᠷᠠᠴᠢᠨ ᠬᠦᠩ ᠪᠠᠪᠤᠵᠠᠪ ᠤ᠋ᠨ ᠤᠯᠠᠭᠠᠨ ᠬᠥᠯᠲᠥᠷᠭᠡ ᠲᠡᠢ ᠴᠠᠭᠠᠨ ᠭᠡᠷ ᠢ᠋ ᠲᠣᠭᠣᠷᠢᠨ᠂ ᠴᠡᠷᠢᠭ ᠦ᠋ᠨ ᠬᠠᠷ᠎ᠠ ᠬᠥᠬᠡ ᠮᠠᠢᠬᠠᠨ ᠬᠦᠷᠢᠶᠡᠯᠡᠭᠰᠡᠨ ᠨᠢ ᠦᠵᠡᠭᠳᠡᠪᠡ᠃  
       ᠬᠠᠰᠢᠯᠭ᠎ᠠ ᠶ᠋ᠢᠨ ᠳᠥᠷᠪᠡᠨ ᠲᠠᠯ᠎ᠠ ᠳ᠋ᠤ᠌ ᠯᠤᠤ᠂ ᠠᠷᠰᠯᠠᠨ᠂ ᠪᠠᠷᠰ᠂ ᠭᠠᠷᠤᠳᠢ ᠳᠥᠷᠪᠡᠨ ᠬᠦᠴᠦᠲᠡᠨ ᠢ᠋ ᠪᠣᠳᠣᠭ ᠢ᠋ᠶ᠋ᠠᠷ ᠳᠦᠷᠰᠦᠯᠡᠨ ᠵᠢᠷᠤᠭᠰᠠᠨ ᠳᠥᠷᠪᠡᠨ ᠬᠦᠷᠳᠦᠲᠦ ᠪᠢᠴᠢᠬᠠᠨ ᠲᠡᠷᠭᠡᠨ ᠳ᠋ᠦ᠍ ᠰᠠᠢᠳ ᠤ᠋ᠨ ᠭᠡᠷ ᠦ᠋ᠨ ᠡᠮᠦᠨ᠎ᠡ ᠵᠠᠩᠵᠤᠨ ᠲᠤᠭ ᠢ᠋ ᠵᠣᠭᠣᠭᠰᠠᠨ ᠭᠠᠵᠠᠷ ᠬᠦᠷᠦᠯ ᠦᠭᠡᠢ᠂ ᠠᠯᠲᠠᠨᠬᠤᠶᠠᠭ ᠥᠨᠥᠬᠢ ᠬᠣᠶᠠᠷ ᠬᠥᠮᠦᠨ ᠢ᠋ ᠮᠣᠷᠢᠨ ᠠ᠋ᠴᠠ ᠪᠠᠭᠤᠯᠭᠠᠵᠤ ᠮᠣᠷᠢ ᠪᠠᠨ ᠲᠤᠱᠠᠭᠠᠳ ᠪᠢᠴᠢᠭᠡᠴᠢ ᠨᠠᠷ ᠤ᠋ᠨ ᠭᠡᠷ ᠲᠦ᠍ ᠣᠴᠢᠪᠠᠰᠤ᠂ ᠰᠡᠢᠨᠪᠢᠯᠢᠭ ᠭᠡᠷ ᠡᠴᠡ ᠭᠠᠷᠴᠤ ᠤᠴᠢᠷ ᠢ᠋ ᠠᠰᠠᠭᠤᠵᠤ ᠮᠡᠳᠡᠭᠡᠳ ᠰᠠᠢᠳ ᠲᠤ᠌ ᠠᠢᠯᠠᠳᠬᠠᠬᠤ ᠪᠠᠷ ᠣᠷᠣᠵᠤ ᠤᠳᠠᠯ ᠦᠭᠡᠢ ᠭᠠᠷᠴᠤ ᠢᠷᠡᠭᠡᠳ᠂ ᠢᠷᠡᠭᠰᠡᠨ ᠡᠯᠴᠢ ᠶ᠋ᠢᠨ ᠵᠦᠭ ᠮᠡᠬᠦᠢᠰᠬᠢᠨ᠄  
       — ᠰᠠᠢᠳ ᠲᠤ᠌ ᠪᠠᠷᠠᠭᠠᠯᠠᠬᠵᠤ(ᠪᠠᠷᠠᠯᠬᠠᠵᠤ) ᠪᠣᠯᠤᠨ᠎ᠠ ᠭᠡᠪᠡᠯ᠂ ᠮᠠᠨᠵᠤ ᠲᠦᠰᠢᠮᠡᠯ ᠪᠢᠴᠢᠭᠡᠴᠢ ᠶ᠋ᠢ ᠳᠠᠭᠠᠵᠤ ᠭᠡᠷ ᠲᠦ᠍ ᠣᠷᠣᠪᠠ᠃ ᠵᠡᠭᠦᠨ ᠡᠮᠦᠨᠡᠲᠦ ᠬᠢᠵᠠᠭᠠᠷ ᠤ᠋ᠨ ᠴᠡᠷᠢᠭ ᠢ᠋ ᠵᠠᠬᠢᠷᠬᠤ ᠰᠠᠢᠳ ᠰᠢᠳᠤᠷᠭᠤ ᠪᠠᠭᠠᠲᠤᠷ ᠪᠠᠪᠤᠵᠠᠪ ᠬᠦᠩ ᠭᠡᠳᠡᠭ ᠪᠡᠶ᠎ᠡ ᠥᠨᠳᠥᠷ᠂ ᠮᠥᠷᠥ ᠥᠷᠭᠡᠨ᠂ ᠬᠥᠬᠡ ᠲᠣᠷᠭᠠᠨ ᠳᠡᠪᠡᠯ᠂ ᠮᠠᠩᠨᠠᠢ ᠳᠡᠭᠡᠷ᠎ᠡ ᠪᠡᠨ ᠲᠣᠮᠣ ᠰᠤᠪᠤᠳ ᠲᠠᠢ ᠬᠢᠲᠠᠳ ᠬᠠᠷ᠎ᠠ ᠲᠣᠷᠭᠠᠨ ᠲᠣᠭᠣᠷᠴᠣᠭ ᠲᠠᠢ ᠬᠥᠮᠦᠨ᠂ ᠲᠡᠷᠡ ᠣᠷᠣᠵᠤ ᠢᠷᠡᠭᠰᠡᠨ ᠬᠥᠮᠦᠨ ᠢ᠋ ᠬᠠᠷᠠᠵᠤ᠂ ᠮᠡᠬᠦᠢᠨ ᠶᠣᠰᠣᠯᠠᠭᠰᠠᠨ ᠤ᠋ ᠬᠠᠷᠢᠭᠤ ᠶᠣᠰᠣᠯᠠᠭᠠᠳ᠂ ᠮᠠᠨᠵᠤ ᠲᠦᠰᠢᠮᠡᠯ ᠦ᠋ᠨ ᠶᠣᠰᠣᠯᠠᠨ ᠳᠡᠪᠰᠢᠭᠦᠯᠦᠭᠰᠡᠨ ᠵᠠᠬᠢᠳᠠᠯ ᠢ᠋ ᠬᠦᠯᠢᠶᠡᠨ ᠠᠪᠴᠤ ᠤᠩᠰᠢᠲᠠᠯ᠎ᠠ᠂ ᠭᠡᠨᠡᠳᠲᠡ ᠥᠳᠬᠡᠨ ᠬᠠᠷ᠎ᠠ ᠬᠥᠮᠥᠰᠬᠡ ᠪᠡᠨ ᠠᠲᠤᠷᠢᠭᠤᠯᠵᠤ᠂ ᠮᠣᠩᠭᠣᠯ ᠵᠠᠩᠵᠤᠨ ᠤ᠋ ᠴᠢᠷᠠᠢ ᠶ᠋ᠢᠨ ᠪᠠᠢᠳᠠᠯ ᠢ᠋ ᠨᠠᠷᠢᠪᠴᠢᠯᠠᠨ ᠠᠵᠢᠭᠯᠠᠵᠤ ᠪᠠᠢᠭᠰᠠᠨ ᠮᠠᠨᠵᠤ ᠲᠦᠰᠢᠮᠡᠯ ᠦ᠋ᠨ ᠵᠦᠭ ᠭᠢᠯᠠᠯᠵᠠᠭᠰᠠᠨ ᠬᠤᠷᠴᠠ ᠬᠠᠷ᠎ᠠ ᠨᠢᠳᠦ ᠪᠡᠷ ᠰᠢᠷᠲᠡᠵᠦ᠄ 
       — ᠡᠨᠡ ᠵᠠᠬᠢᠳᠠᠯ ᠢ᠋ ᠮᠢᠨᠦ ᠣᠬᠠᠷᠠᠭᠰᠠᠨ (ᠤᠬᠠᠭᠠᠷᠠᠭᠰᠠᠨ) ᠢ᠋ᠶ᠋ᠠᠷ ᠪᠣᠯ ᠲᠠᠨ ᠤ᠋ ᠨᠣᠶᠠᠨ ᠨᠠᠮᠠᠶ᠋ᠢ(ᠨᠠᠮ᠎ᠠ ᠶ᠋ᠢ) ᠲᠠᠨ ᠤ᠋ ᠤᠯᠤᠰ ᠲᠤ᠌ ᠳᠠᠭᠠᠷ᠎ᠠ ᠣᠷᠣᠵᠤ ᠥᠭᠪᠡᠯ ᠂ᠵᠡᠷᠭᠡ ᠬᠡᠷᠬᠢᠮ( ᠬᠡᠷᠬᠡᠮ) ᠳᠡᠪᠰᠢᠭᠦᠯᠦᠨ ᠬᠥᠬᠢᠭᠦᠯᠦᠨ᠎ᠡ ᠭᠡᠵᠦ ᠪᠠᠢᠭ᠎ᠠ ᠬᠡᠷᠡᠭ ᠤᠤ? ᠭᠡᠪᠡᠯ᠄ 
       — ᠲᠠᠨ ᠤ᠋ ᠪᠠᠭᠠᠲᠤᠷ ᠡᠷᠡᠯᠬᠡᠭ ᠢ᠋ ᠡᠷᠬᠢᠮᠯᠡᠨ ᠦᠵᠡᠭᠴᠢ ᠰᠠᠢᠳ ᠶᠤᠸᠠᠨ ᠤ᠋ ᠡᠮᠦᠨ᠎ᠡ ᠡᠴᠡ ᠮᠠᠨ ᠤ᠋ ᠳᠦ ᠲᠤᠩ᠂ ᠮᠢᠩᠭᠠᠨ ᠯᠠᠩ ᠴᠠᠭᠠᠨ ᠮᠥᠩᠭᠥ ᠡᠷᠬᠢᠮ ᠵᠠᠩᠵᠤᠨ ᠳ᠋ᠤ᠌ ᠪᠡᠯᠡᠭ ᠪᠣᠯᠭᠠᠨ ᠬᠦᠷᠭᠡᠭᠦᠯᠦᠭᠰᠡᠨ ᠢ᠋ ᠪᠢᠳᠡ ᠠᠪᠴᠤ ᠢᠷᠡᠭᠰᠡᠨ ᠪᠢᠯᠡ ᠭᠡᠳ ᠰᠡᠢᠨᠪᠢᠯᠢᠭ ᠦ᠋ᠨ ᠥᠭᠡᠳᠡ ᠬᠠᠷᠠᠭᠰᠠᠨ ᠢ᠋ ᠪᠠᠪᠤᠵᠠᠪ ᠠᠵᠢᠭᠯᠠᠭᠠᠳ᠂ ᠴᠡᠭᠡᠵᠢ ᠳᠦᠭᠦᠷᠡᠩ ᠬᠢᠯᠢᠩ ᠪᠠᠳᠠᠷᠠᠭᠰᠠᠨ ᠢ᠋ ᠣᠭᠲᠣ ᠮᠡᠳᠡᠭᠳᠡᠯ ᠦᠭᠡᠢ ᠥᠭᠦᠯᠡᠷᠦᠨ᠄  
       — ᠡᠨᠡ ᠬᠥᠮᠦᠨ ᠮᠢᠨᠦ ᠭᠠᠷ ᠤ᠋ᠨ ᠪᠢᠴᠢᠭᠡᠴᠢ ᠲᠤᠯᠠ᠂ ᠲᠠᠨ ᠤ᠋ ᠦᠭᠡ ᠶ᠋ᠢ ᠰᠣᠨᠣᠰᠤᠶ᠎ᠠ ᠭᠡᠬᠦ ᠳ᠋ᠦ᠍᠂  
       — ᠵᠠ᠂ ᠨᠣᠶᠠᠨ ᠮᠢᠨᠢ᠂ ᠵᠠᠬᠢᠳᠠᠯ ᠳ᠋ᠤ᠌ ᠨᠠᠮᠠᠶ᠋ᠢ(ᠨᠠᠮ᠎ᠠ ᠶ᠋ᠢ) ᠡᠷᠬᠢᠮ ᠰᠠᠢᠳ ᠲᠠᠢ ᠬᠡᠯᠡᠯᠴᠡᠨ ᠲᠣᠭᠲᠠᠬᠤ ᠶ᠋ᠢ ᠶᠠᠪᠤᠭᠤᠯᠤᠭᠰᠠᠨ ᠤᠴᠢᠷ ᠢ᠋ ᠲᠣᠳᠣᠷᠬᠠᠢ ᠪᠢᠴᠢᠭᠰᠡᠨ ᠪᠢᠯᠡ᠃ ᠡᠭᠦᠨ ᠳ᠋ᠦ᠍ ᠲᠠᠨ ᠤ᠋ ᠪᠡᠶ᠎ᠡ ᠳ᠋ᠦ᠍ ᠸᠠᠩ ᠤ᠋ᠨ ᠴᠣᠯᠠ ᠱᠠᠩᠨᠠᠵᠤ ᠲᠠᠨ ᠤ᠋ ᠬᠠᠷᠢᠶᠠᠲᠤ ᠴᠡᠷᠢᠭ ᠦ᠋ᠨ ᠳᠠᠷᠤᠭ᠎ᠠ ᠨᠠᠷ ᠲᠤ᠌  ᠨᠢᠵᠡᠭᠡᠳ ᠵᠡᠷᠭᠡ  ᠳᠡᠪᠰᠢᠭᠦᠯᠦᠨ᠎ᠡ ᠭᠡᠪᠡᠯ᠂  
       —  ᠤᠤᠬᠠᠢ! ᠳ᠋ᠤ᠌ ᠲᠤᠩ ᠨᠠᠮᠠᠶ᠋ᠢ ᠸᠠᠩ ᠪᠣᠯᠭᠠᠬᠤ ᠭᠡᠵᠦ ᠪᠠᠢᠭ᠎ᠠ ᠶ᠋ᠢ ᠦᠵᠡᠪᠡᠯ ᠰᠡᠭᠦᠯ ᠦ᠋ᠨ ᠪᠠᠢᠯᠳᠤᠭᠠᠨ ᠳ᠋ᠤ᠌ ᠲᠠᠨ ᠤ᠋ ᠡᠷᠬᠢᠮ ᠳᠠᠷᠤᠭ᠎ᠠ᠂ ᠨᠠᠳᠠ ᠠ᠋ᠴᠠ ᠬᠠᠷᠢᠭᠤ ᠠᠪᠬᠤ ᠭᠡᠵᠦ ᠪᠠᠢᠯᠳᠤᠭᠠᠳ ᠶᠡᠬᠡᠳᠡ ᠳᠠᠷᠤᠭᠳᠠᠭᠰᠠᠨ ᠳ᠋ᠠᠭᠠᠨ ᠲᠡᠭᠡᠵᠦ ᠪᠠᠢᠭ᠎ᠠ ᠠᠵᠢ᠃ ᠡᠢᠮᠦ ᠪᠣᠯ ᠪᠠᠰᠠ ᠨᠢᠭᠡ ᠪᠠᠢᠯᠳᠤᠵᠤ ᠦᠵᠡᠪᠡᠯ᠂ ᠶᠡᠬᠡ ᠰᠠᠢᠳ  ᠶᠤᠸᠠᠨ * ᠨᠠᠮᠠᠶ᠋ᠢ ᠬᠡᠪᠲᠦ ᠶᠣᠰᠣ *  *  ᠬᠠᠭᠠᠨ ᠤ᠋ ᠣᠷᠣᠨ ᠳ᠋ᠤ᠌ ᠬᠠᠭᠠᠨ ᠬᠤᠸᠠᠩᠳᠢ ᠪᠣᠯᠭᠠᠬᠤ ᠶᠤᠮ ᠪᠢᠰᠢ ᠪᠠᠢᠭ᠎ᠠ? ᠭᠡᠬᠦ ᠳ᠋ᠦ᠍᠂ ᠮᠠᠨᠵᠤ ᠲᠦᠰᠢᠮᠡᠯ᠄
       — ᠰᠠᠢᠳ ᠠᠪᠤᠭᠠᠢ᠂ ᠨᠠᠭᠠᠳᠤᠮ ᠤ᠋ᠨ ᠦᠭᠡ ᠬᠡᠯᠡᠵᠦ ᠪᠠᠢᠨᠠᠮ  ᠢ᠎ᠠ  ᠭᠡᠵᠦ ᠠᠮᠠᠨ ᠳᠣᠲᠣᠷ᠎ᠠ ᠪᠠᠨ ᠰᠤᠯᠠᠬᠠᠨ ᠳᠤᠤᠭᠠᠷᠪᠠᠰᠤ᠄  
       — ᠰᠠᠢᠨᠪᠢᠯᠢᠭ᠌ ᠴᠢ᠂ ᠷᠠᠰᠢ᠂ ᠴᠣᠢ᠊ᠢᠷᠣᠪ ᠂ ᠭᠣᠯᠢᠮᠢᠩᠰᠧ᠂ ᠠᠭᠳᠠᠮᠪᠤᠤ᠂ ᠳᠥᠷᠪᠡ ᠶ᠋ᠢ ᠳᠠᠭᠤᠳᠠᠭᠠᠳ ᠢᠷ᠎ᠡ ᠭᠡᠵᠦ ᠪᠠᠪᠤᠵᠠᠪ ᠤ᠋ᠨ ᠲᠤᠰᠢᠶᠠᠬᠤ ᠳ᠋ᠤ᠌ ᠰᠠᠢᠨᠪᠢᠯᠢᠭ᠌  ᠵᠠ ᠭᠡᠵᠦ ᠭᠠᠷᠪᠠ᠃  
       ᠥᠨᠳᠥᠷ ᠪᠡᠶ᠎ᠡ ᠲᠡᠢ ᠬᠦᠳᠡᠷ ᠳᠥᠷᠪᠡᠨ ᠴᠡᠷᠢᠭ ᠣᠷᠣᠵᠤ ᠢᠷᠡᠭᠡᠳ᠂ ᠡᠪᠦᠳᠦᠭ ᠨᠤᠭᠤᠯᠤᠨ ᠰᠥᠭᠥᠳᠴᠦ ᠵᠠᠩᠵᠤᠨ ᠳ᠋ᠤ᠌ ᠶᠣᠰᠣᠯᠠᠪᠠ᠃ ᠠᠬᠠᠮᠠᠳ ᠴᠡᠷᠢᠭ ᠬᠠᠨᠳᠠᠰᠤᠨ(ᠬᠠᠨᠲᠠᠭᠠᠰᠤᠨ) ᠳ᠋ᠠᠭᠠᠨ ᠠᠷᠪᠠᠨ ᠤ᠋ ᠳᠠᠷᠤᠭ᠎ᠠ ᠶ᠋ᠢᠨ ᠲᠡᠮᠳᠡᠭ ᠦᠰᠦᠭ ᠲᠡᠢ᠂ ᠥᠷᠭᠡᠨ ᠮᠥᠷᠥ ᠲᠡᠢ᠂ ᠨᠠᠷᠠᠨ ᠳ᠋ᠤ᠌ ᠭᠠᠩᠳᠠᠭᠰᠠᠨ ᠬᠦᠷᠡᠩ ᠤᠯᠠᠭᠠᠨ ᠨᠢᠭᠤᠷ ᠲᠠᠢ᠂ ᠰᠦᠷᠡᠬᠡᠢ ᠬᠠᠳᠠᠨ ᠵᠣᠷᠢᠭᠲᠤ ᠴᠢᠷᠠᠢ ᠲᠠᠢ ᠬᠥᠮᠦᠨ ᠭᠡᠨᠡᠳᠲᠡ ᠲᠡᠷᠡ ᠮᠠᠨᠵᠤ ᠶ᠋ᠢ ᠬᠠᠷᠠᠮᠠᠭᠴᠠ᠂ ᠴᠢᠷᠠᠢ ᠶ᠋ᠢᠨ ᠥᠩᠭᠡ ᠦᠨᠡᠰᠦᠨ ᠬᠥᠬᠡ ᠪᠣᠯᠵᠤ᠂ ᠤᠷᠲᠤᠯᠢᠭ ᠨᠢᠳᠦᠨ ᠦ᠌ ᠬᠠᠷᠠᠴᠠ ᠨᠢ ᠲᠤᠩ ᠶᠡᠬᠡ ᠥᠰᠢᠯ ᠵᠠᠩᠭᠢᠷᠠᠭᠰᠠᠨ ᠰᠢᠨᠵᠢ ᠪᠦᠷᠢᠳᠴᠦ᠂ ᠮᠣᠩᠬᠣᠷ ᠨᠠᠷᠢᠨ ᠬᠠᠮᠠᠷ ᠤ᠋ᠨ ᠰᠠᠮᠰᠠ  ᠪᠠᠨ ᠰᠠᠷᠨᠢᠰᠬᠢᠨ᠂ ᠳᠣᠭᠣᠭᠰᠢ ᠤᠨᠵᠢᠭᠰᠠᠨ ᠰᠣᠶᠣᠭ᠎ᠠ ᠰᠠᠬᠠᠯ ᠬᠥᠳᠡᠯᠵᠦ᠂ ᠨᠠᠷᠢᠨ ᠤᠷᠤᠭᠤᠯ ᠢ᠋ᠶ᠋ᠠᠨ ᠲᠠᠰᠤ ᠵᠢᠮᠢᠪᠡ᠃ ᠮᠠᠨᠵᠤ ᠴᠡᠷᠢᠭ ᠦᠨ ᠲᠦᠰᠢᠮᠡᠯ᠂ ᠲᠡᠷᠡ ᠬᠥᠮᠦᠨ ᠢ᠋ ᠬᠠᠷᠠᠮᠠᠭᠴᠠ ᠪᠠᠰᠠ ᠴᠢᠷᠠᠢ ᠬᠤᠪᠢᠯᠵᠤ᠂ ᠪᠡᠶ᠎ᠡ ᠪᠡᠶ᠎ᠡ ᠶ᠋ᠢᠨ ᠵᠦᠭ ᠬᠠᠷᠠᠭᠰᠠᠨ ᠬᠠᠷᠠᠴᠠ ᠨᠢ ᠬᠣᠶᠠᠷ ᠥᠰᠢᠶᠡᠲᠡᠨ ᠳᠠᠢᠰᠤᠨ ᠤ᠋ ᠢᠯᠳᠦ ᠬᠠᠷᠢᠯᠴᠠᠨ ᠵᠥᠷᠢᠭᠰᠡᠨ ᠠᠳᠠᠯᠢ᠂ ᠡᠭᠦᠨ ᠳ᠋ᠦ᠍ ᠮᠣᠩᠭᠣᠯ ᠴᠡᠷᠢᠭ ᠦ᠋ᠨ ᠵᠠᠩᠵᠤᠨ᠂ ᠲᠡᠷᠡ ᠬᠣᠶᠠᠷ ᠤ᠋ᠨ ᠦᠭᠡ ᠳᠠᠭᠤᠨ ᠦᠭᠡᠢ ᠪᠣᠯᠪᠠᠴᠤ ᠤᠴᠢᠷ ᠲᠣᠳᠣᠷᠬᠠᠢ ᠪᠣᠯᠤᠭᠰᠠᠨ ᠡᠯ᠎ᠡ ᠪᠠᠢᠳᠠᠯ ᠢ᠋ ᠭᠠᠳᠠᠨ᠎ᠠ ᠪᠠᠨ ᠲᠠᠢᠪᠤᠩ ᠰᠢᠨᠵᠢ ᠲᠡᠢ ᠬᠠᠷᠠᠵᠤ ᠠᠰᠠᠭᠤᠷᠤᠨ᠄ 
       — ᠷᠠᠰᠢ᠂ ᠴᠢ ᠡᠨᠡ ᠵᠣᠴᠢᠨ ᠢ᠋ ᠲᠠᠨᠢᠪᠠᠤ ᠳᠠ? ᠭᠡᠪᠡᠯ᠂ 
       — ᠪᠢ ᠡᠨᠡ ᠬᠥᠮᠦᠨ ᠡᠴᠡ ᠥᠰᠢᠶ᠎ᠡ ᠪᠡᠨ ᠲᠠᠪᠤᠨ ᠵᠠᠭᠤᠨ ᠲᠥᠷᠥᠯ ᠳ᠋ᠡᠭᠡᠨ ᠠᠪᠤᠨ᠎ᠠ ᠭᠡᠵᠦ ᠠᠮᠠ ᠠᠯᠳᠠᠭᠰᠠᠨ ᠪᠢᠯᠡ᠃ ᠨᠠᠮᠠᠶ᠋ᠢ ᠬᠠᠮᠢᠭ᠎ᠠ ᠪᠠᠢᠭ᠎ᠠ ᠶ᠋ᠢ ᠵᠢᠭᠠᠵᠤ  ᠥᠭ ᠭᠡᠵᠦ ᠡᠨᠡ ᠬᠥᠮᠦᠨ ᠮᠢᠨᠦ ᠡᠴᠢᠭᠡ ᠡᠬᠡ ᠶ᠋ᠢ ᠲᠤᠢᠯ ᠤ᠋ᠨ ᠬᠠᠷᠭᠢᠰ ᠡᠷᠡᠭᠦᠦ ᠲᠤᠯᠭᠠᠭᠰᠠᠨ ᠬᠥᠮᠦᠨ᠃ ᠪᠠᠰᠠ ᠮᠠᠨᠠᠢ ᠬᠤᠰᠢᠭᠤᠨ ᠤ᠋ ᠬᠥᠮᠦᠨ ᠠᠷᠠᠳ ᠤ᠋ᠨ ᠨᠢᠭᠡᠨ ᠳᠤᠮᠳᠠᠭᠤᠷ ᠢ᠋ ᠬᠢᠳᠤᠨ ᠠᠯᠠᠭᠰᠠᠨ ᠬᠥᠮᠦᠨ᠂᠂᠂᠂᠂᠂ ᠭᠡᠲᠡᠯ᠎ᠡ  
       ᠵᠠᠩᠵᠤᠨ ᠭᠠᠷ ᠢ᠋ᠶ᠋ᠠᠷ ᠵᠠᠩᠭᠠᠵᠤ ᠦᠭᠡ ᠶ᠋ᠢ ᠲᠠᠰᠤᠯᠤᠨ᠂ ᠲᠡᠷᠡ ᠬᠡᠳᠦᠨ ᠮᠣᠩᠭᠣᠯ ᠴᠡᠷᠢᠭ ᠦ᠋ᠨ ᠵᠦᠭ ᠥᠭᠦᠯᠡᠷᠦᠨ᠄ 
       — ᠥᠷᠥᠨ᠎ᠡ ᠵᠦᠭ ᠲᠦ᠍ ᠬᠣᠪᠲᠣ ᠬᠣᠲᠠᠨ᠎ᠠ ᠮᠠᠨᠵᠤ ᠠᠮᠪᠠᠨ᠂ ᠮᠠᠨᠠᠢ ᠡᠯᠴᠢ ᠶ᠋ᠢ ᠤᠬᠠᠭᠠᠨ ᠳ᠋ᠤ᠌ ᠣᠷᠣᠰᠢ ᠦᠭᠡᠢ ᠮᠠᠭᠤᠬᠠᠢ ᠪᠠᠷ ᠲᠠᠮᠤᠯᠠᠨ ᠡᠷᠡᠭᠦᠳᠡᠵᠦ ᠪᠤᠴᠠᠯᠤᠭᠰᠠᠨ ᠲᠣᠰᠣᠨ ᠳ᠋ᠤ᠌ ᠠᠮᠢᠳᠤ ᠴᠢᠨᠠᠵᠠᠢ᠃ ᠳᠠᠢᠰᠤᠨ᠂ ᠲᠡᠳᠡᠨ ᠦ᠌ ᠶᠣᠢᠯᠠᠨ ᠭᠠᠰᠠᠯᠬᠤ ᠳᠠᠭᠤᠨ ᠢ᠋ ᠰᠣᠨᠣᠰᠴᠤ᠂ ᠲᠠᠪᠠ ᠪᠠᠨ ᠬᠠᠩᠬᠤ ᠭᠡᠵᠦ ᠪᠣᠳᠣᠵᠤ ᠪᠠᠢᠭᠰᠠᠨ ᠨᠢ ᠪᠢᠰᠢ ᠪᠣᠯᠵᠤ᠂ ᠡᠨᠳᠡᠭᠦᠷᠡᠵᠡᠢ᠃ 
       ᠮᠠᠨ ᠤ᠋ ᠳᠣᠷᠣᠨ᠎ᠠ ᠬᠢᠵᠠᠭᠠᠷ ᠲᠤ᠌ ᠳᠠᠢᠰᠤᠨ ᠪᠢᠳᠡᠨ ᠢ᠋ ᠬᠠᠬᠤᠤᠯᠢᠯᠠᠨ᠂ ᠥᠩᠭᠡ ᠮᠥᠩᠭᠥ ᠪᠡᠷ ᠬᠤᠳᠠᠯᠳᠤᠨ ᠠᠪᠬᠤ ᠭᠡᠵᠦ ᠪᠣᠳᠣᠭᠰᠠᠨ ᠨᠢ ᠪᠠᠰᠠ ᠡᠨᠳᠡᠭᠦᠷᠡᠵᠡᠢ᠃ ᠡᠳᠡᠨ ᠢ᠋ ᠭᠡᠵᠦ᠂ ᠤᠬᠠᠭᠠᠨ ᠠᠮᠢ ᠦᠭᠡᠢ ᠠᠶᠤᠨ ᠪᠡᠭᠲᠡᠷᠡᠵᠦ ᠰᠠᠭᠤᠭᠰᠠᠨ ᠬᠣᠶᠠᠷ ᠮᠠᠨᠵᠤ ᠨᠠᠷ ᠤ᠋ᠨ ᠵᠦᠭ ᠲᠣᠯᠣᠭᠠᠢ ᠪᠠᠷ ᠭᠡᠬᠢᠵᠦ᠂ ᠪᠢ ᠶᠡᠷᠦ ᠡᠯᠴᠢ ᠭᠡᠵᠦ ᠦᠵᠡᠬᠦ ᠦᠭᠡᠢ᠂ ᠳᠠᠢᠰᠤᠨ ᠤ᠋ ᠲᠠᠩᠨᠠᠭᠤᠯ ᠭᠡᠵᠦ ᠦᠵᠡᠬᠦ ᠲᠤᠯᠠ ᠲᠠᠩᠨᠠᠭᠤᠯ ᠢ᠋ ᠪᠠᠷᠢᠭᠰᠠᠨ ᠶᠣᠰᠣᠭᠠᠷ ᠭᠦᠢᠴᠡᠳᠬᠡᠨ᠎ᠡ᠃ ᠡᠨᠡ ᠬᠣᠶᠠᠷ ᠠ᠋ᠴᠠ ᠳᠠᠢᠰᠤᠨ ᠤ᠋ ᠰᠠᠨᠠᠭ᠎ᠠ ᠪᠣᠳᠣᠯᠭ᠎ᠠ᠂ ᠬᠦᠴᠦᠨ ᠪᠠᠢᠳᠠᠯ ᠵᠡᠷᠭᠡ ᠮᠠᠨᠠᠢ ᠮᠡᠳᠡᠬᠦ ᠶ᠋ᠢ ᠬᠦᠰᠡᠭᠰᠡᠨ᠂ ᠪᠦᠬᠦ ᠵᠦᠢᠯ ᠢ᠋ ᠪᠠᠢᠴᠠᠭᠠᠨ ᠠᠰᠠᠭᠤᠵᠤ ᠬᠡᠯᠡᠭᠦᠯᠦᠭᠰᠡᠨ ᠦ᠌ ᠡᠴᠦᠰ ᠲᠦ᠍ ᠰᠠᠢ᠍ᠢ(ᠰᠠᠶᠢ) ᠨᠢᠭᠡ ᠶ᠋ᠢ ᠨᠢ ᠲᠠᠯᠪᠢᠨ᠎ᠠ᠃ ᠷᠠᠰᠢ᠂ ᠴᠢ ᠡᠳᠡᠨ ᠢ᠋ ᠴᠢᠷᠴᠦ ᠭᠠᠷᠭ᠎ᠠ᠃ ᠡᠨᠳᠡ ᠰᠠᠭᠤᠵᠤ ᠮᠢᠨᠦ ᠭᠡᠷ ᠪᠤᠵᠠᠷᠯᠠᠭᠠᠳ ᠪᠠᠢᠬᠤ ᠳ᠋ᠤ᠌ ᠪᠢ ᠳᠤᠷ᠎ᠠ ᠦᠭᠡᠢ ᠪᠠᠢᠨ᠎ᠠ᠃ ᠣᠳᠣ ᠪᠢ ᠪᠡᠶ᠎ᠡ ᠪᠡᠷ ᠡᠳᠡᠨ ᠢ᠋ ᠪᠠᠢᠴᠠᠭᠠᠨ᠎ᠠ ᠭᠡᠵᠡᠢ᠃  
       ᠡᠨᠡ ᠦᠭᠡ ᠶ᠋ᠢ ᠮᠠᠰᠢ ᠲᠠᠯᠪᠢᠭᠤᠨ᠂ ᠰᠠᠮᠪᠠᠭᠠᠲᠠᠢ ᠥᠭᠦᠯᠡᠭᠰᠡᠨ ᠨᠢ ᠬᠣᠶᠠᠷ ᠮᠠᠨᠵᠤ ᠨᠠᠷ ᠲᠤ᠌  ᠬᠠᠷᠢᠶᠠᠨ ᠵᠥᠭᠡᠵᠦ᠂ ᠵᠠᠩᠳᠤᠷᠤᠨ ᠬᠠᠰᠬᠢᠷᠤᠭᠰᠠᠨ ᠠ᠋ᠴᠠ ᠢᠯᠡᠭᠦᠦ ᠰᠦᠷ ᠲᠡᠢ ᠰᠠᠨᠠᠭᠳᠠᠵᠤ᠂ ᠲᠡᠷᠡ ᠬᠤᠪᠢ ᠵᠠᠶᠠᠭ᠎ᠠ ᠮᠠᠭᠤᠲᠠᠢ ᠬᠣᠶᠠᠷ ᠠᠮᠢᠲᠠᠨ᠂ ᠣᠳᠣ ᠠᠯᠢ ᠮᠠᠭᠤ ᠪᠠᠨ ᠦᠵᠡᠬᠦ ᠴᠠᠭ ᠪᠣᠯᠵᠤ᠂ ᠶᠠᠭᠠᠬᠢᠵᠤ ᠭᠤᠶᠤᠨ ᠮᠥᠷᠭᠥᠪᠡᠴᠦ ᠠᠮᠢ ᠵᠣᠯᠪᠢᠵᠤ ᠭᠠᠷᠬᠤᠶ᠎ᠠ ᠪᠡᠷᠬᠡ ᠪᠣᠯᠪᠠ ᠭᠡᠵᠦ ᠮᠡᠳᠡᠭᠡᠳ᠂ ᠬᠥᠳᠡᠯᠬᠦ ᠲᠡᠩᠬᠡᠭᠡ ᠴᠦ᠍ ᠲᠠᠰᠤᠷᠠᠵᠤ᠂ ᠦᠬᠦᠰᠢᠷᠡᠨ ᠵᠡᠪᠬᠡᠢᠷᠡᠭᠰᠨ ᠴᠢᠷᠠᠢ ᠳ᠋ᠤ᠌ ᠲᠡᠰᠬᠡᠯ ᠦᠭᠡᠢ ᠠᠶᠤᠨ ᠡᠮᠢᠶᠡᠭᠰᠡᠨ ᠪᠠᠢᠳᠠᠯ ᠢᠯᠡᠷᠡᠪᠡ᠃ 
       ᠵᠠᠩᠵᠤᠨ ᠤ᠋ ᠲᠡᠷᠡ ᠦᠭᠡ ᠰᠣᠨᠣᠰᠤᠮᠠᠭᠴᠠ᠂ ᠠᠷᠪᠠᠨ ᠤ᠋ ᠳᠠᠷᠤᠭ᠎ᠠ ᠶ᠋ᠢᠨ ᠴᠢᠷᠠᠢ ᠳ᠋ᠤ᠌ ᠲᠠᠪᠠ  ᠬᠠᠨᠤᠭᠰᠠᠨ ᠪᠠᠢᠳᠠᠯ ᠮᠡᠳᠡᠭᠳᠡᠵᠦ᠂ ᠬᠠᠷᠢᠶᠠᠲᠤ ᠴᠡᠷᠢᠭ ᠲᠡᠭᠡᠨ ᠳᠣᠬᠢᠶ᠎ᠠ ᠥᠭᠭᠦᠮᠡᠭᠴᠡ᠂ ᠲᠡᠷᠡ ᠬᠡᠳᠦᠨ ᠴᠢᠭᠢᠷᠠᠭ ᠬᠦᠳᠡᠷ ᠴᠡᠷᠢᠭ ᠣᠭᠣᠲᠣᠨ᠎ᠠ ᠰᠢᠭᠦᠷᠬᠦ ᠬᠡᠭᠡᠷ᠎ᠡ ᠶ᠋ᠢᠨ ᠰᠠᠷᠠ ᠰᠢᠪᠠᠭᠤ ᠠᠳᠠᠯᠢ᠂ ᠲᠡᠷᠡ ᠬᠣᠶᠠᠷ ᠮᠠᠨᠵᠤ ᠶ᠋ᠢ ᠳᠠᠭᠠᠷᠢᠨ᠂ ᠨᠢᠳᠦ ᠢᠷᠮᠡᠬᠦ ᠵᠠᠭᠤᠷ᠎ᠠ ᠭᠡᠷ ᠡᠴᠡ ᠴᠢᠷᠴᠦ ᠭᠠᠷᠭᠠᠪᠠ᠃ 
       — ᠴᠠᠭᠠᠰᠤ ᠪᠢᠷ ᠠᠪᠴᠤ᠂ ᠥᠴᠢᠬᠦ ᠦᠭᠡ ᠶ᠋ᠢ ᠨᠢᠭᠡ ᠳ᠋ᠦ᠍ ᠨᠢᠭᠡ ᠦᠭᠡᠢ ᠲᠡᠮᠳᠡᠭᠯᠡ ᠭᠡᠵᠦ ᠪᠠᠪᠤᠵᠠᠪ᠂ ᠰᠠᠢᠨᠪᠢᠯᠢᠭ᠌ ᠲᠤ᠌ ᠲᠣᠯᠣᠭᠠᠢ ᠭᠡᠳᠡᠰᠬᠢᠨ ᠳᠣᠬᠢᠵᠤ ᠬᠡᠯᠡᠭᠡᠳ᠂ ᠤᠳᠠᠯ ᠦᠭᠡᠢ ᠡᠷᠡᠭᠦᠦ ᠬᠥᠳᠡᠯᠭᠡᠭᠰᠡᠨ ᠳ᠋ᠦ᠍᠂ ᠪᠠᠢᠴᠠᠭᠠᠭᠳᠠᠨ ᠲᠠᠮᠤᠯᠠᠭᠤᠯᠤᠭᠰᠠᠨ ᠲᠡᠷᠡ ᠬᠣᠶᠠᠷ ᠬᠥᠮᠦᠨ ᠦ᠌ ᠭᠠᠰᠠᠯᠤᠨ ᠪᠠᠷᠬᠢᠷᠠᠵᠤ ᠶᠣᠢᠯᠠᠬᠤ ᠳᠠᠭᠤᠨ᠂ ᠴᠡᠷᠢᠭ ᠦ᠋ᠨ ᠬᠦᠷᠢᠶᠡᠨ᠎ᠡ ᠳᠦᠷᠬᠢᠷᠡᠨ ᠰᠣᠨᠣᠰᠳᠠᠪᠠ᠃ ᠪᠠᠢᠴᠠᠭᠠᠵᠤ ᠭᠦᠢᠴᠡᠭᠡᠳ᠂ ᠪᠠᠪᠤᠵᠠᠪ᠄ 
       — ᠮᠠᠨᠵᠤ ᠳᠦ ᠲᠤᠩ ᠠ᠋ᠴᠠ* ᠬᠦᠷᠭᠡᠭᠦᠯᠦᠭᠰᠡᠨ ᠮᠢᠩᠭᠠᠨ ᠯᠠᠩ ᠴᠠᠭᠠᠨ ᠮᠥᠩᠭᠥ ᠪᠡᠷ ᠴᠡᠷᠢᠭ ᠦ᠋ᠨ ᠴᠠᠯᠢᠩ ᠲᠠᠯᠪᠢᠨ ᠣᠯᠭᠣᠵᠤ᠂ ᠬᠦᠷᠢᠶᠡᠨ ᠡᠴᠡ ᠴᠡᠷᠢᠭ ᠦ᠋ᠨ ᠴᠠᠯᠢᠩ ᠤᠳᠠᠲᠠᠯ᠎ᠠ ᠪᠠᠭᠤᠭ᠎ᠠ ᠦᠭᠡᠢ ᠶ᠋ᠢ ᠳᠥᠯᠥᠨ ᠵᠦᠢᠯ ᠳᠠᠭᠤᠰᠬ᠎ᠠ ᠭᠡᠪᠡ᠃  
       ᠬᠣᠶᠠᠷ ᠮᠠᠨᠵᠤ ᠲᠦᠰᠢᠮᠡᠯ ᠡᠴᠡ ᠪᠠᠭ᠎ᠠ ᠬᠢᠲᠠᠳ ᠲᠦᠰᠢᠮᠡᠯ ᠠᠮᠢᠳᠤ ᠦᠯᠡᠳᠡᠭᠰᠡᠨ ᠨᠢ ᠮᠠᠨᠵᠤ ᠳᠦ ᠲᠤᠩ ᠳ᠋ᠤ᠌ ᠬᠠᠷᠢᠭᠤ ᠵᠠᠬᠢᠶ᠎ᠠ ᠬᠦᠷᠭᠡᠵᠦ ᠥᠭᠭᠥᠭ ᠭᠡᠵᠦ ᠪᠠᠪᠤᠵᠠᠪ᠂ ᠲᠡᠷᠡ ᠦᠳᠡᠰᠢ ᠰᠡᠢᠨᠪᠢᠯᠢᠭ ᠲᠦ᠍ ᠬᠡᠯᠡᠵᠦ ᠵᠠᠬᠢᠶ᠎ᠠ ᠪᠢᠴᠢᠭᠦᠯᠦᠭᠰᠡᠨ ᠨᠢ ᠲᠡᠷᠡ ᠬᠡᠪ ᠢ᠋ᠶ᠋ᠡᠷ ᠰᠡᠢᠷᠡᠭᠦᠯᠪᠡᠯ᠄ ᠤᠭ ᠪᠢᠴᠢᠭ ᠦ᠋ᠨ ᠦᠭᠡ 
        《 ᠪᠣᠯᠬᠢ ᠪᠦᠳᠦᠭᠦᠯᠢᠭ ᠴᠡᠷᠢᠭ ᠦ᠋ᠨ ᠡᠷ᠎ᠡ ᠪᠠᠪᠤᠵᠠᠪ ᠶᠣᠰᠣᠯᠠᠨ ᠪᠠᠷᠢᠪᠠ᠃ 
        《 ᠶᠡᠬᠡ ᠤᠯᠤᠰ ᠤ᠋ᠨ ᠴᠡᠷᠢᠭ ᠢ᠋ ᠵᠠᠬᠢᠷᠬᠤ ᠡᠷᠬᠢᠮ ᠳᠠᠷᠤᠭ᠎ᠠ ᠲᠠᠨ ᠠ᠋ᠴᠠ 
        《 ᠲᠤᠰᠬᠠᠢᠯᠠᠨ ᠰᠤᠷᠭᠠᠵᠤ ᠤᠬᠠᠭᠤᠯᠤᠭᠰᠠᠨ ᠵᠠᠬᠢᠳᠠᠯ ᠪᠠ ᠪᠡᠯᠡᠭ ᠦ᠋ᠨ 
        《 ᠵᠦᠢᠯ ᠢ᠋ ᠶᠣᠰᠣᠯᠠᠨ ᠬᠦᠯᠢᠶᠡᠨ ᠠᠪᠴᠤ ᠦᠵᠡᠭᠡᠳ ᠲᠡᠰᠬᠡᠯ ᠦᠭᠡᠢ ᠪᠠᠶᠠᠷᠯᠠᠪᠠ᠃ 
        《 ᠭᠠᠭᠴᠠᠬᠦ ᠪᠠᠪᠤᠵᠠᠪ ᠮᠢᠨᠦ ᠪᠡᠶ᠎ᠡ᠂ ᠲᠥᠷᠥᠯᠬᠢ ᠶ᠋ᠢᠨ ᠮᠤᠩᠬᠠᠭ ᠪᠦᠳᠦᠭᠦᠯᠢᠭ᠂  
        《 ᠰᠢᠳᠤᠷᠭᠤ ᠪᠠᠲᠤ ᠴᠡᠷᠢᠭ ᠦ᠋ᠨ ᠡᠷ᠎ᠡ ᠪᠥᠭᠡᠳ᠂ 
        《 ᠬᠠᠷᠢᠭᠤᠯᠤᠨ ᠨᠡᠢᠯᠡᠭᠦᠯᠵᠦ ᠬᠡᠯᠡᠬᠦ  
        《 ᠰᠠᠢᠨ ᠦᠭᠡ ᠣᠯᠵᠤ ᠮᠡᠳᠡᠬᠦ ᠦᠭᠡᠢ ᠲᠤᠯᠠ᠂ ᠳᠠᠷᠤᠢ ᠶᠡᠬᠡ ᠴᠡᠷᠢᠭ ᠦ᠋ᠨ  
        《 ᠵᠢᠭᠰᠠᠭᠠᠯ ᠤ᠋ᠨ ᠡᠮᠦᠨ᠎ᠡ ᠨᠢᠭᠤᠷ ᠪᠡᠶᠡᠰ ᠢ᠋ᠶ᠋ᠡᠷ ᠲᠤᠯᠵᠤ ᠵᠣᠯᠭᠣᠯᠳᠤᠨ 
        《 ᠨᠢᠳᠤᠷᠭ᠎ᠠ ᠵᠡᠪᠰᠡᠭ ᠦ᠋ᠨ ᠬᠦᠨᠳᠦ ᠬᠥᠩᠭᠡᠨ ᠢ᠋ ᠳᠠᠩᠰᠠᠨ ᠦᠵᠡᠵᠦ᠂  
        《 ᠡᠷᠡᠭᠴᠢᠨ ᠡᠮᠡᠭᠴᠢᠨ ᠢ᠋ ᠢᠯᠭᠠᠨ ᠲᠠᠰᠤᠯᠬᠤ ᠶ᠋ᠢ ᠶᠠᠭᠠᠷᠠᠨ ᠬᠦᠰᠡᠵᠦ 
        《 ᠬᠦᠯᠢᠶᠡᠨ᠎ᠡ᠃ ᠬᠥᠳᠡᠭᠡ ᠲᠠᠯ᠎ᠠ ᠭᠠᠵᠠᠷ᠂ ᠭᠠᠢᠬᠠᠮᠰᠢᠭ ᠰᠠᠢᠬᠠᠨ  
        《 ᠶᠠᠭᠤᠮ᠎ᠠ ᠬᠣᠪᠣᠷ ᠲᠤᠯᠠ᠂ ᠭᠠᠳᠠᠭᠠᠳᠤ ᠶ᠋ᠢᠨ ᠳᠠᠢᠰᠤᠨ ᠡᠲᠡᠭᠡᠳ ᠦ᠋ᠨ ᠬᠠᠯᠠᠭᠤᠨ  
        《 ᠴᠢᠰᠤ ᠪᠦᠬᠦᠢ ᠰᠣᠨᠢᠨ ᠰᠣᠨᠣᠷ ᠴᠢᠬᠢ ᠮᠢᠬ᠎ᠠ ᠨᠢᠭᠡᠨ ᠬᠣᠣᠰ ᠢ᠋   
        《 ᠬᠠᠷᠢᠭᠤ ᠲᠠᠯᠠᠷᠬᠠᠨ ᠪᠠᠷᠢᠬᠤ ᠪᠠᠶᠠᠷ ᠤ᠋ᠨ ᠪᠡᠯᠡᠭ ᠪᠣᠯᠭᠠᠨ  
        《 ᠪᠡᠯᠡᠳᠬᠡᠵᠦ᠂ ᠬᠢᠴᠢᠶᠡᠩᠭᠦᠢᠯᠡᠨ ᠶᠣᠰᠣᠯᠠᠵᠤ ᠡᠷᠭᠦᠨ ᠬᠥᠷᠭᠡᠭᠦᠯᠪᠡ᠃  
        《 ᠬᠦᠷᠦᠮᠡᠭᠴᠡ ᠶᠡᠬᠡᠳᠡ ᠢᠨᠢᠶᠡᠮᠰᠦᠭᠯᠡᠨ ᠲᠣᠯᠢᠯᠠᠵᠤ ᠲᠣᠭᠲᠠᠭᠠᠬᠤ ᠠᠵᠢᠶᠠᠮᠤ》* ᠭᠡᠵᠡᠢ᠃  
       ᠬᠣᠢᠲᠤ ᠥᠷᠯᠥᠭᠡ ᠨᠢ ᠬᠢᠲᠠᠳ ᠲᠦᠰᠢᠮᠡᠯ᠂ ᠬᠣᠶᠠᠷ ᠴᠢᠬᠢ ᠪᠡᠨ ᠣᠭᠲᠤᠯᠠᠭᠤᠯᠵᠤ᠂ ᠪᠠᠪᠤᠵᠠᠪ ᠤ᠋ᠨ ᠵᠠᠬᠢᠳᠠᠯ ᠤ᠋ᠨ ᠬᠠᠪᠰᠤᠷᠤᠯᠲᠠ ᠪᠣᠯᠭᠠᠭᠤᠯᠤᠭᠠᠳ᠂ ᠮᠣᠩᠭᠣᠯ ᠴᠡᠷᠢᠭ ᠦ᠋ᠨ ᠬᠡᠳᠦᠨ ᠳᠠᠪᠬᠤᠷ ᠬᠠᠷᠠᠭᠤᠯ ᠤ᠋ᠨ ᠴᠢᠨᠠᠳᠤ ᠲᠠᠯ᠎ᠠ ᠬᠦᠷᠲᠡᠯ᠎ᠡ ᠬᠦᠷᠭᠡᠭᠦᠯᠦᠭᠡᠳ᠂ ᠴᠢᠬᠢ ᠵᠠᠬᠢᠳᠠᠯ ᠬᠣᠶᠠᠷ ᠢ᠋  ᠳᠦ ᠲᠤᠩ ᠳ᠋ᠤ᠌ ᠬᠦᠷᠭᠡᠬᠦ ᠪᠡᠷ ᠰᠤᠯᠠᠯᠠᠭᠳᠠᠵᠠᠢ᠃ ᠬᠡᠳᠦ ᠬᠣᠨᠣᠭ ᠤ᠋ᠨ ᠳᠠᠷᠠᠭ᠎ᠠ  ᠰᠠᠢᠨᠪᠢᠯᠭ᠂ ᠵᠡᠭᠦᠨ ᠡᠮᠦᠨᠡᠲᠦ ᠬᠢᠵᠠᠭᠠᠷ ᠤ᠋ᠨ ᠴᠡᠷᠢᠭ ᠢ᠋ ᠵᠠᠬᠢᠷᠬᠤ ᠰᠠᠢᠳ ᠪᠠᠪᠤᠵᠠᠪ ᠠ᠋ᠴᠠ ᠨᠡᠢᠰᠯᠡᠯ ᠬᠦᠷᠢᠶᠡᠨ᠎ᠡ ᠪᠢᠴᠢᠭ ᠬᠦᠷᠭᠡᠵᠦ᠂ ᠰᠤᠮᠤ ᠬᠡᠷᠡᠭᠯᠡᠯ᠂ ᠴᠡᠷᠢᠭ ᠦ᠋ᠨ ᠶᠠᠮᠤᠨ ᠠ᠋ᠴᠠ ᠭᠤᠶᠤᠨ ᠣᠯᠭᠣᠬᠤ ᠠᠯᠪᠠᠨ ᠬᠡᠷᠡᠭ ᠢ᠋ᠶ᠋ᠡᠷ ᠮᠣᠷᠳᠠᠵᠠᠢ᠃  
       ᠳᠠᠢᠰᠤᠨ ᠤ᠋ ᠥᠭᠡᠳᠡ ᠡᠴᠡ ᠬᠣᠷᠢᠭ ᠬᠢᠬᠦ ᠵᠡᠪᠰᠡᠭ ᠦᠭᠡᠢ᠂ ᠡᠩ ᠦ᠋ᠨ ᠨᠣᠮᠣᠬᠠᠨ ᠨᠡᠭᠦᠳᠡᠯᠴᠢᠨ ᠠᠷᠠᠳ ᠢ᠋ ᠬᠠᠷᠭᠢᠰᠯᠠᠵᠤ ᠪᠠᠢᠭᠰᠠᠨ ᠲᠡᠷᠡ ᠮᠠᠨᠵᠤ ᠲᠦᠰᠢᠮᠡᠯ ᠢ᠋ ᠲᠠᠷᠴᠢᠯᠠᠭᠠᠨ ᠦᠬᠦᠭᠦᠯᠦᠭᠡᠳ᠂ ᠳᠠᠯᠳᠠᠭᠤᠷ ᠬᠠᠬᠤᠤᠯᠢᠯᠠᠨ ᠳᠠᠭᠠᠭᠤᠯᠬᠤ ᠭᠡᠵᠦ ᠣᠷᠣᠯᠳᠣᠭᠰᠠᠨ ᠤ᠋ ᠬᠠᠷᠢᠭᠤ ᠳ᠋ᠤ᠌ ᠮᠣᠩᠭᠣᠯ ᠵᠠᠩᠵᠤᠨ ᠰᠠᠢᠳ ᠤ᠋ᠨ ᠬᠠᠷᠢᠭᠤ ᠪᠢᠴᠢᠭ ᠶᠠᠪᠤᠭᠤᠯᠤᠭᠰᠠᠨ ᠨᠢ ᠰᠠᠢᠨᠪᠢᠯᠢᠭ᠌ ᠲᠤ᠌ ᠶᠡᠬᠡᠯ᠎ᠡ ᠰᠦᠷ ᠲᠡᠢ ᠮᠡᠲᠦ ᠰᠠᠨᠠᠭᠳᠠᠵᠤ᠂ ᠪᠠᠪᠤᠵᠠᠪ ᠤ᠋ᠨ ᠪᠢᠴᠢᠭ ᠡᠴᠡ ᠰᠣᠨᠢᠨ ᠪᠣᠯᠭᠠᠵᠤ ᠨᠢᠭᠡᠨ ᠬᠤᠪᠢ ᠬᠠᠭᠤᠯᠤᠨ ᠪᠢᠴᠢᠵᠦ ᠠᠪᠤᠭᠠᠳ ᠬᠦᠷᠢᠶ᠎ᠡ ᠣᠷᠣᠬᠤ ᠭᠡᠵᠦ ᠮᠣᠷᠳᠠᠬᠤ ᠳ᠋ᠠᠭᠠᠨ ᠰᠠᠢᠪᠢᠯᠢᠭ᠌᠂ ᠲᠡᠷᠡ ᠲᠡᠢᠨ ᠬᠥᠯ ᠶᠡᠬᠡ ᠲᠡᠢ ᠴᠠᠭ ᠢ᠋ᠶ᠋ᠠᠷ ᠥᠭᠡᠷ᠎ᠡ ᠪᠣᠭᠣᠮᠲᠠ ᠶ᠋ᠢᠨ ᠭᠠᠵᠠᠷ ᠲᠣᠮᠢᠯᠠᠭᠳᠠᠨ ᠣᠴᠢᠵᠤ᠂ ᠰᠢᠳᠤᠷᠭᠤ ᠪᠠᠭᠠᠲᠤᠷ ᠵᠠᠩᠵᠤᠨ ᠰᠠᠢᠳ ᠯᠤᠭ᠎ᠠ ᠳᠠᠬᠢᠨ ᠨᠢᠭᠤᠷ ᠤᠴᠠᠷᠠᠬᠤ ᠦᠭᠡᠢ ᠪᠡᠷ ᠦᠯᠦ ᠪᠠᠷᠠᠮ ᠲᠡᠷᠡ ᠵᠠᠩᠵᠤᠨ* ᠴᠠᠭ ᠤ᠋ᠨ ᠪᠠᠢᠳᠠᠯ ᠬᠣᠷᠣᠰᠤᠯ ᠳ᠋ᠤ᠌ ᠠᠪᠲᠠᠭᠳᠠᠭᠠᠳ᠂ ᠲᠤᠭ ᠳᠠᠯᠪᠠᠭ᠎ᠠ ᠪᠠᠨ ᠬᠠᠯᠠᠵᠤ ᠳᠡᠭᠡᠷᠡᠮᠴᠢᠨ ᠦ᠌ ᠪᠦᠯᠦᠭ ᠴᠡᠷᠢᠭ ᠦ᠋ᠨ ᠲᠡᠷᠢᠭᠦᠯᠡᠭᠴᠢ ᠪᠣᠯᠤᠭᠠᠳ᠂ ᠤᠷᠢᠳᠤ ᠡᠷᠡᠯᠬᠡᠭ ᠪᠠᠲᠤ ᠵᠣᠷᠢᠭ ᠭᠠᠷᠭᠠᠵᠤ ᠪᠠᠲᠤᠯᠠᠨ ᠬᠠᠮᠠᠭᠠᠯᠠᠵᠤ ᠪᠠᠢᠭᠰᠠᠨ ᠵᠠᠬ᠎ᠠ ᠬᠢᠵᠠᠭᠠᠷ ᠲᠠᠭᠠᠨ ᠥᠪᠡᠷ ᠢ᠋ᠶ᠋ᠡᠨ ᠬᠠᠯᠳᠠᠨ ᠳᠡᠭᠡᠷᠡᠮᠯᠡᠬᠦ ᠪᠣᠯᠤᠨ᠎ᠠ ᠭᠡᠵᠦ ᠶᠠᠭᠠᠬᠢᠨ ᠮᠡᠳᠡᠬᠦ ᠠᠵᠢ᠃   

— — — — 
 * ᠶᠤᠸᠠᠨ ᠭᠡᠵᠦ ᠶᠤᠸᠠᠨ ᠱᠢ ᠺᠠᠢ ᠶ᠋ᠢ ᠬᠡᠯᠡᠵᠡᠢ᠃ ᠬᠡᠪᠲᠦ ᠶᠣᠰᠣᠨ ᠤ᠋ ᠰᠡᠭᠦᠯ ᠦ᠋ᠨ ᠦᠶ᠎ᠡ ᠳ᠋ᠦ᠍ ᠲᠥᠷᠥ ᠶ᠋ᠢᠨ ᠡᠷᠬᠡ ᠶ᠋ᠢ ᠠᠳᠬᠤᠨ ᠪᠠᠷᠢᠭᠠᠳ᠂ ᠰᠡᠭᠦᠯ ᠳ᠋ᠡᠭᠡᠨ ᠶᠡᠷᠦᠩᠬᠡᠢᠯᠡᠭᠴᠢ ᠪᠣᠯᠵᠤ᠂ ᠳᠠᠷᠠᠭᠠᠪᠡᠷ (ᠳᠠᠷᠠᠭ᠎ᠠ ᠪᠠᠷ)  ᠪᠡᠶ᠎ᠡ ᠪᠡᠨ ᠬᠠᠭᠠᠨ ᠪᠣᠯᠭᠠᠬᠤ ᠶ᠋ᠢ ᠵᠠᠪᠳᠤᠭᠰᠠᠨ ᠪᠢᠯᠡ᠃ 
 * * ᠬᠡᠪᠲᠦ ᠶᠣᠰᠣ ᠭᠡᠵᠦ ᠲᠠᠢᠴᠢᠩ ᠤᠯᠤᠰ ᠤ᠋ᠨ ᠡᠴᠦᠰ ᠦ᠋ᠨ ᠬᠠᠭᠠᠨ᠂ ᠬᠣᠵᠢᠮ  ᠫᠦ ᠢ ᠭᠡᠵᠦ ᠨᠡᠷ᠎ᠡ ᠲᠡᠢ ᠪᠣᠯᠵᠤ᠂ ᠮᠠᠨᠵᠤ ᠳᠢ ᠭᠦᠸᠧ ᠤᠯᠤᠰ ᠤ᠋ᠨ ᠡᠩᠬᠡ ᠡᠷᠳᠡᠮᠲᠦ ᠭᠡᠵᠦ ᠶᠠᠪᠤᠭᠠᠳ ᠰᠠᠯᠵᠠᠢ᠃  
 *  ᠳᠦ ᠲᠤᠩ ᠭᠡᠵᠦ ᠮᠠᠨᠵᠤ ᠴᠡᠷᠢᠭ ᠦ᠋ᠨ ᠵᠠᠩᠵᠤᠨ ᠤ᠋ ᠴᠣᠯᠠ᠃ 
 *  ᠵᠠᠬᠢᠳᠠᠯ ᠤ᠋ᠨ ᠦᠭᠡ ᠶ᠋ᠢ ᠬᠡᠪ ᠢ᠋ᠶ᠋ᠡᠷ ᠰᠡᠢᠷᠡᠭᠦᠯᠪᠡ᠃ ᠬᠠᠰᠤᠵᠤ ᠲᠣᠪᠴᠢᠯᠠᠭᠰᠠᠨ ᠵᠦᠢᠯ ᠦᠭᠡᠢ᠃  
 * *  ᠭᠤᠷᠪᠠᠨ ᠤᠯᠤᠰ ᠤ᠋ᠨ ᠭᠡᠷ᠎ᠡ ᠪᠢᠴᠢᠭ ᠡᠴᠡ ᠬᠣᠢᠰᠢ ᠪᠠᠪᠤᠵᠠᠪ ᠬᠦᠩ᠂ ᠳᠣᠲᠣᠭᠠᠳᠤ ᠮᠣᠩᠭᠣᠯ ᠳ᠋ᠤ᠌ ᠪᠤᠴᠠᠵᠤ ᠬᠢᠲᠠᠳ ᠲᠤ᠌ ᠵᠠᠬᠢᠷᠤᠭᠳᠠᠬᠤ ᠶ᠋ᠢᠨ ᠵᠠᠮ ᠦᠭᠡᠢ ᠪᠣᠯᠵᠤ᠂ ᠪᠠᠰᠠ ᠠᠦ᠋ᠲ᠋ᠣᠨᠣᠮᠢᠲ ᠮᠣᠩᠭᠣᠯ ᠳ᠋ᠤ᠌ ᠦᠯᠡᠳᠡᠬᠦ ᠳᠤᠷ᠎ᠠ ᠦᠭᠡᠢ ᠤᠴᠢᠷ᠂ ᠲᠤᠭ ᠳᠠᠯᠪᠠᠭ᠎ᠠ ᠶ᠋ᠢ ᠬᠠᠯᠠᠵᠤ《 ᠳᠠᠢᠴᠢᠩ ᠤᠯᠤᠰ ᠢ᠋ ᠳᠠᠬᠢᠨ ᠮᠠᠨᠳᠤᠭᠤᠯᠬᠤ ᠵᠢᠷᠤᠮ ᠤ᠋ᠨ ᠴᠡᠷᠢᠭ》 ᠭᠡᠵᠦ ᠲᠡᠭᠦᠨ ᠢ᠋ ᠳᠠᠭᠠᠭᠰᠠᠨ ᠥᠪᠥᠷ ᠴᠢᠭᠤᠯᠭᠠᠨ ᠤ᠋ ᠵᠠᠷᠢᠮ ᠠᠰᠢᠭ ᠵᠠᠪᠰᠢᠶᠠᠨ  ᠡᠷᠢᠭᠴᠢ ᠡᠲᠡᠭᠡᠳ ᠢ᠋ ᠳᠠᠭᠠᠭᠤᠯᠤᠨ ᠵᠡᠭᠦᠨ ᠭᠤᠷᠪᠠᠨ ᠮᠣᠵᠢ ᠭᠡᠵᠦ ᠲᠡᠷᠡ ᠴᠠᠭ ᠲᠤ᠌  ᠨᠡᠷᠡᠯᠡᠵᠦ ᠪᠠᠢᠭᠰᠠᠨ ᠮᠠᠨᠵᠤ ᠭᠠᠵᠠᠷ ᠣᠳᠴᠤ ᠠᠦ᠋ᠲ᠋ᠣᠨᠣᠮᠢᠲ ᠮᠣᠩᠭᠣᠯ ᠤ᠋ᠨ ᠬᠢᠯᠢ ᠳ᠋ᠦ᠍ ᠬᠠᠯᠳᠠᠨ ᠳᠡᠭᠡᠷᠡᠮᠳᠡᠵᠦ᠂ ᠠᠷᠠᠳ ᠣᠯᠠᠨ ᠢ᠋ ᠬᠠᠷᠭᠢᠰᠯᠠᠨ ᠪᠤᠰᠠᠨᠢᠭᠤᠯᠤᠭᠰᠠᠭᠠᠷ ᠬᠠᠳᠠᠨ ᠪᠠᠭᠠᠲᠤᠷ ᠮᠠᠭᠰᠤᠷᠵᠠᠪ ᠤ᠋ᠨ ᠴᠡᠷᠢᠭ ᠲᠦ᠍ ᠳᠠᠷᠤᠭᠳᠠᠨ ᠬᠥᠭᠡᠭᠡᠭᠳᠡᠭᠰᠡᠨ ᠪᠢᠯᠡ᠃ ᠬᠣᠵᠢᠮ ᠶᠠᠫᠣᠨ ᠤ᠋ ᠡᠵᠡᠷᠬᠡᠭ ᠲᠦᠷᠢᠮᠡᠬᠡᠢ ᠨᠠᠷ ᠤ᠋ᠨ ᠠᠭᠧᠨᠲ ᠪᠣᠯᠵᠤ ᠨᠠᠰᠤ ᠡᠴᠦᠰᠯᠡᠵᠡᠢ᠃ ᠮᠣᠩᠭᠣᠯ ᠤ᠋ᠨ ᠠᠷᠠᠳ ᠲᠦᠮᠡᠨ ᠦ᠌ ᠡᠷᠬᠡ ᠴᠢᠯᠥᠭᠡ ᠲᠤᠰᠠᠭᠠᠷ ᠲᠣᠭᠲᠠᠨᠢᠯ ᠢ᠋ᠶ᠋ᠠᠨ ᠲᠡᠮᠡᠴᠡᠭᠰᠡᠨ ᠬᠥᠳᠡᠯᠭᠡᠭᠡᠨ ᠦ᠌ ᠲᠡᠦᠬᠡ ᠶ᠋ᠢᠨ ᠪᠦᠬᠦ ᠲᠤᠷᠰᠢ ᠳ᠋ᠤ᠌ ᠂ ᠬᠠᠷ᠎ᠠ ᠰᠢᠷ᠎ᠠ ᠹᠧᠣᠳᠠᠯ ᠤ᠋ᠳ ᠴᠥᠮ ᠡᠨᠡ ᠮᠡᠲᠦ ᠪᠡᠷ ᠤᠷᠪᠠᠨ ᠲᠡᠷᠰᠯᠡᠭᠰᠡᠭᠡᠷ ᠢᠷᠡᠭᠰᠡᠨ ᠨᠢ ᠠᠷᠠᠳ ᠤ᠋ᠨ ᠬᠤᠪᠢᠰᠬᠠᠯ ᠤ᠋ᠨ ᠪᠦᠬᠦ ᠲᠡᠦᠬᠡ ᠶ᠋ᠢᠨ ᠭᠡᠷᠡᠴᠢ ᠪᠠᠷᠢᠮᠲᠠ ᠪᠠᠷ ᠢᠯᠡᠷᠬᠡᠢ᠃ ᠡᠭᠦᠨ ᠳ᠋ᠦ᠍ ᠂ ᠮᠠᠨᠵᠤ ᠳᠠᠢᠴᠢᠩ ᠤᠯᠤᠰ ᠠ᠋ᠴᠠ ᠲᠤᠰᠠᠭᠠᠷᠯᠠᠨ ᠰᠠᠯᠬᠤ ᠬᠥᠳᠡᠯᠭᠡᠭᠡᠨ ᠦ᠌ ᠦᠶ᠎ᠡ ᠳ᠋ᠦ᠍ ᠪᠠᠪᠤᠵᠠᠪ ᠤᠷᠪᠠᠵᠤ ᠲᠡᠷᠰᠯᠡᠭᠰᠡᠨ ᠠᠪᠠᠰᠤ ᠠᠷᠠᠳ ᠤ᠋ᠨ ᠬᠤᠪᠢᠰᠬᠠᠯ ᠤ᠋ᠨ ᠦᠶᠡᠰ᠂ ᠭᠠᠳᠠᠭᠠᠳᠤ ᠶ᠋ᠢᠨ ᠡᠵᠡᠷᠬᠡᠭ ᠲᠦᠷᠢᠮᠡᠬᠡᠢᠴᠦᠳ ᠢ᠋ ᠡᠰᠡᠷᠭᠦᠴᠡᠨ ᠲᠡᠮᠡᠴᠡᠬᠦ ᠠᠩᠬᠠᠨ ᠤ᠋ ᠦᠶ᠎ᠡ ᠳ᠋ᠦ᠍ ᠲᠦᠷ ᠬᠦᠴᠦᠨ ᠨᠡᠢᠯᠡᠵᠦ ᠪᠠᠢᠭᠰᠠᠨ ᠬᠠᠷ᠎ᠠ ᠰᠢᠷ᠎ᠠ ᠹᠧᠣᠳᠠᠯ ᠤ᠋ᠳ᠂ ᠠᠷᠠᠳ ᠤ᠋ᠨ ᠬᠤᠪᠢᠰᠬᠠᠯ ᠤ᠋ᠨ ᠬᠥᠭᠵᠢᠯ ᠦ᠋ᠨ ᠳᠠᠷᠠᠭᠠᠬᠢ ᠱᠠᠲᠤᠨ᠎ᠠ ᠴᠥᠮ ᠤᠷᠪᠠᠨ ᠲᠡᠷᠰᠯᠡᠵᠦ᠂ ᠠᠷᠠᠳ ᠤ᠋ᠨ ᠵᠠᠰᠠᠭ ᠤ᠋ᠨ ᠭᠠᠵᠠᠷ ᠠ᠋ᠴᠠ ᠲᠡᠷᠡ ᠦᠶ᠎ᠡ ᠶ᠋ᠢᠨ ᠪᠠᠢᠳᠠᠯ ᠳ᠋ᠤ᠌ ᠨᠡᠢᠯᠡᠭᠦᠯᠵᠦ᠂ ᠬᠡᠮᠵᠢᠶᠡᠲᠦ ᠴᠠᠭᠠᠵᠠᠲᠤ ᠬᠠᠭᠠᠨ ᠪᠣᠯᠭᠠᠭᠰᠠᠨ ᠪᠣᠭᠳᠠ ᠬᠠᠭᠠᠨ ᠴᠣ᠂1921 — 1924 ᠣᠨ ᠤ᠋ ᠦᠶ᠎ᠡ ᠳ᠋ᠦ᠍ ᠬᠤᠪᠢᠰᠬᠠᠯ ᠤ᠋ᠨ ᠡᠰᠡᠷᠭᠦᠦ ᠨᠠᠷ ᠤ᠋ᠨ ᠵᠣᠬᠢᠶᠠᠨ ᠪᠠᠢᠭᠤᠯᠬᠤ ᠲᠥᠪ ᠨᠢ ᠪᠠᠢᠭᠰᠠᠨ ᠢ᠋ ᠳᠡᠳ᠋ ᠬᠤᠷᠠᠩᠳᠠ ᠶᠠᠺᠢᠮᠣᠹ ᠤ᠋ᠨ《 ᠮᠣᠩᠭᠣᠯ ᠤ᠋ᠨ ᠲᠡᠦᠬᠡ ᠳ᠋ᠡᠬᠢ ᠪᠤᠳ᠋ᠳ᠋ᠾᠠ ᠶ᠋ᠢᠨ ᠰᠤᠷᠭᠠᠯ ᠪᠠ ᠲᠡᠭᠦᠨ ᠦ᠌ ᠦᠢᠯᠡᠳᠦᠯ》 ᠭᠡᠵᠦ1945 ᠣᠨ ᠳ᠋ᠤ᠌ ᠴᠢᠲ᠋ᠠ ᠬᠣᠲᠠᠨ᠎ᠠ ᠬᠡᠪᠯᠡᠭᠰᠡᠨ ᠳᠡᠪᠲᠡᠷ ᠦ᠋ᠨ98 ᠳ᠋ᠤᠭᠠᠷ ᠬᠠᠭᠤᠳᠠᠰᠤᠨ᠎ᠠ ᠦᠵᠡᠵᠦ ᠪᠣᠯᠤᠨ᠎ᠠ᠃ 

    
      ᠦᠰᠦᠭ ᠠᠮᠢᠯᠠᠭᠤᠯᠤᠭᠴᠢ᠄ ᠣᠶᠤᠨᠪᠢᠯᠢᠭ᠌᠂ ᠰᠠᠷᠠᠨᠲᠤᠶᠠᠭ᠎ᠠ᠂ ᠣᠶᠤᠨᠪᠠᠲᠤ᠂ ᠮᠧᠢ ᠬᠤᠸᠠ᠂ ᠤᠢᠭᠤᠷᠵᠢᠨ· ᠣᠳᠬᠣᠨᠪᠠᠪᠠ
                              ᠴᠡᠴᠡᠨ᠂  ᠬᠡᠷᠡᠢᠳ· ᠵᠣᠯ
         ᠬᠢᠨᠠᠭᠴᠢ᠄  ᠲ· ᠬᠦᠮᠦᠵᠢᠯᠲᠦ᠂ ᠬᠡᠷᠡᠢᠳ· ᠵᠣᠯ᠂ ᠣᠶᠤᠨᠪᠠᠲᠤ᠂ ᠤᠢᠭᠤᠷᠵᠢᠨ· ᠣᠳᠬᠣᠨᠪᠠᠪᠠ᠂
                            ᠣᠳᠬᠣᠨᠴᠡᠴᠡᠭ᠂ ᠪᠠᠯ 
          ᠤᠩᠰᠢᠭᠴᠢ᠄ ᠨᠠᠰᠤᠨ᠌ᠦ᠌ᠯᠵᠡᠢ